ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠨᠢᠭᠡ> Хялгасан дөрөөн дээр – Хасвулаг зохиов <41> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠨᠢᠭᠡ> Хялгасан дөрөөн дээр – Хасвулаг зохиов <41>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠨᠢᠭᠡ> Хялгасан дөрөөн дээр – Хасвулаг зохиов <41>

ᠠᠩᠭᠢᠯᠠᠯ:ᠲᠤᠭᠤᠵᠢ ᠷᠣᠮᠠᠨ
2026-03-27

72

ᠬᠢᠯᠭᠠᠰᠤᠨ ᠳᠥᠷᠥᠭᠡᠨ ᠳᠡᠭᠡᠷ᠎ᠡ - <ᠳᠥᠴᠢᠨ ᠨᠢᠭᠡ>


              ᠳᠥᠴᠢᠨ ᠨᠢᠭᠡ 

       ᠲᠦᠪᠰᠢᠨ ᠭᠤᠸᠠᠢ᠂ ᠸᠠᠩ ᠯᠠᠨ ᠬᠤᠸᠠ ᠶ᠋ᠢᠨ ᠬᠣᠣᠷᠯᠠᠭᠳᠠᠭᠰᠠᠨ ᠢ᠋ ᠬᠥᠬᠡᠲᠤᠯᠢ ᠳ᠋ᠤ᠌ ᠨᠠᠷᠢᠨ ᠵᠦᠢᠴᠢᠯᠡᠵᠦ ᠬᠡᠯᠡᠭᠰᠡᠨ ᠦᠭᠡᠢ ᠴᠤ᠌ ᠲᠡᠭᠦᠨ ᠦ᠌ ᠢᠩᠭᠢᠵᠦ ᠦᠷᠡᠭᠳᠡᠯ ᠦ᠋ᠨ ᠡᠳ᠋ ᠪᠣᠯᠤᠭᠰᠠᠨ ᠳ᠋ᠤ᠌ ᠶᠡᠬᠡ ᠬᠠᠷᠠᠮᠰᠠᠵᠤ ᠪᠠᠢᠯ᠎ᠠ᠃ ᠸᠠᠩ ᠯᠠᠨ ᠬᠤᠸᠠ ᠪᠣᠯ ᠪᠣᠯᠤᠷᠴᠠᠭᠠᠨ ᠤ᠋ ᠬᠡᠷᠡᠭ ᠢ᠋ ᠳᠠᠬᠢᠨ ᠪᠠᠢᠴᠠᠭᠠᠬᠤ ᠳᠤᠮᠳᠠ ᠬᠣᠣᠷᠯᠠᠭᠳᠠᠭᠰᠠᠨ ᠪᠣᠯᠬᠣᠷ ᠲᠦᠪᠰᠢᠨ ᠭᠤᠸᠠᠢ ᠰᠡᠷᠡᠮᠵᠢ ᠰᠤᠯᠠᠳᠠᠭᠰᠠᠨ ᠠ᠋ᠴᠠ ᠭᠠᠷᠭᠠᠭᠰᠠᠨ ᠠᠯᠳᠠᠰᠢ ᠭᠡᠳᠡᠭ ᠢ᠋ᠶ᠋ᠡᠨ ᠵᠥᠪᠰᠢᠶᠡᠷᠡᠨ ᠥᠪᠡᠷ ᠦ᠋ᠨ ᠬᠠᠷᠢᠭᠤᠴᠠᠯᠭ᠎ᠠ ᠡᠨᠳᠡᠯ ᠳᠦ ᠪᠡᠨ ᠪᠡᠶ᠎ᠡ ᠪᠡᠨ ᠰᠢᠭᠦᠮᠵᠢᠯᠡᠮᠡᠷ ᠪᠠᠢᠯ᠎ᠠ᠃ ᠲᠡᠷᠡ ᠬᠡᠷᠪᠡ ᠪᠠᠬᠠᠨ ᠠᠩᠬᠠᠷᠤᠯ ᠲᠠᠯᠪᠢᠨ ᠡᠮᠦᠨ᠎ᠡ ᠬᠣᠢᠨᠠᠬᠢ ᠶ᠋ᠢ ᠨᠢ ᠠᠪᠴᠠᠯᠳᠤᠭᠤᠯᠤᠨ ᠪᠣᠳᠣᠭᠰᠠᠨ ᠪᠣᠯ ᠪᠦᠷ ᠵᠠᠢᠯᠠᠰᠬᠢᠵᠦ ᠪᠣᠯᠤᠮᠠᠷ ᠬᠡᠷᠡᠭ ᠪᠠᠢᠭᠰᠠᠨ᠃ 
       ᠦᠨᠡᠨ ᠢ᠋ ᠬᠡᠯᠡᠪᠡᠯ ᠲᠡᠷᠡ ᠰᠥᠨᠢ ᠸᠠᠩ ᠯᠠᠨ ᠬᠤᠸᠠ ᠠ᠋ᠴᠠ ᠪᠠᠢᠳᠠᠯ ᠢ᠋ ᠣᠢᠯᠠᠭᠠᠬᠤ ᠦᠶ᠎ᠡ ᠳ᠋ᠦ᠍ ᠲᠡᠭᠦᠨ ᠦ᠌ ᠳᠣᠲᠣᠷ᠎ᠠ ᠨᠢᠭᠡᠨᠲᠡ ᠪᠣᠯᠤᠷᠴᠠᠭᠠᠨ ᠤ᠋ ᠬᠡᠷᠡᠭ ᠦ᠋ᠨ ᠦᠨᠡᠨ ᠳᠦᠷᠢ᠂ ᠡᠬᠢ ᠠᠳᠠᠭ ᠦᠨᠳᠦᠰᠦᠨ ᠳᠦ ᠪᠡᠨ ᠲᠣᠭ᠎ᠠ ᠲᠠᠢ ᠪᠣᠯᠵᠠᠢ᠃ ᠲᠡᠷᠡᠴᠢᠯᠡᠨ ᠸᠠᠩ ᠯᠠᠨ ᠬᠤᠸᠠ᠂ ᠦᠵᠡᠰᠬᠦᠯᠡᠩ ᠦ᠋ᠨ ᠭᠡᠷ ᠡᠴᠡ ᠭᠠᠷᠬᠤ ᠳᠤ ᠪᠠᠨ ᠦᠵᠡᠭᠰᠡᠨ ᠬᠠᠷᠠᠭᠰᠠᠨ ᠵᠦᠢᠯ ᠲᠤᠰ ᠬᠡᠷᠡᠭ ᠲᠡᠢ ᠮᠠᠰᠢ ᠨᠢᠭᠲᠠ ᠬᠣᠯᠪᠣᠭᠳᠠᠵᠤ᠂ ᠡᠭᠦᠨ ᠢ᠋ ᠯᠡᠪᠡᠷᠡᠭᠦᠯᠪᠡᠯ ᠶᠠᠯᠠᠲᠠᠨ ᠳ᠋ᠤ᠌ ᠬᠦᠴᠦᠲᠡᠢ ᠳᠠᠷᠤᠯᠲᠠ ᠥᠭᠬᠦ ᠶ᠋ᠢ ᠣᠢᠯᠠᠭᠠᠵᠤ ᠪᠠᠢᠭᠰᠠᠨ ᠶᠤᠮ᠃ ᠬᠡᠷᠪᠡ ᠢᠩᠭᠢᠭᠡᠳ ᠴᠢᠨᠠᠭᠰᠢ ᠵᠦᠢᠴᠢᠯᠠᠪᠠᠯ ᠸᠠᠩ ᠯᠠᠨ ᠬᠤᠸᠠ ᠡᠨᠡ ᠭᠡᠷᠡᠴᠢ ᠳ᠋ᠦ᠍ ᠡᠵᠡᠨ ᠪᠣᠯᠣᠮᠠᠭᠴᠠ ᠲᠡᠭᠦᠨ ᠦ᠌ ᠠᠮᠢ ᠨᠠᠰᠤᠨ ᠳ᠋ᠤ᠌ ᠠᠶᠤᠯ ᠠᠪᠴᠢᠷᠠᠬᠤ ᠶ᠋ᠢ ᠤᠷᠢᠳᠴᠢᠯᠠᠨ ᠪᠣᠳᠣᠯᠬᠢᠯᠠᠵᠤ ᠪᠣᠯᠬᠤ ᠪᠠᠢᠭᠰᠠᠨ᠃ ᠦᠭᠡᠢ ᠴᠤ᠌ ᠭᠡᠰᠡᠨ ᠡᠢᠮᠦ ᠶᠠᠪᠤᠳᠠᠯ ᠭᠠᠷᠬᠤ ᠶ᠋ᠢ ᠰᠡᠷᠭᠡᠢᠯᠡᠬᠦ ᠬᠠᠷᠢᠭᠤᠴᠠᠯᠭ᠎ᠠ ᠲᠡᠭᠦᠨ ᠳ᠋ᠦ᠍ ᠵᠠᠢᠯᠠᠰᠢ ᠦᠭᠡᠢ ᠪᠠᠢᠭᠰᠠᠨ᠃ ᠥᠴᠦᠬᠡᠨ ᠣᠮᠲᠣᠭᠠᠢᠯᠠᠯ ᠡᠢᠮᠦ ᠬᠦᠨᠳᠦ ᠬᠣᠣᠷ ᠬᠥᠨᠥᠭᠡᠯ ᠲᠡᠢ ᠦᠷ᠎ᠡ ᠳ᠋ᠦᠩ ᠠᠪᠴᠢᠷᠠᠭᠰᠠᠨ ᠳ᠋ᠤ᠌ ᠲᠡᠷᠡ ᠮᠠᠰᠢ ᠶᠡᠬᠡ ᠬᠠᠷᠠᠮᠰᠠᠵᠤ ᠪᠢᠯᠡ᠃ ᠲᠦᠪᠰᠢᠨ ᠭᠤᠸᠠᠢ᠂ ᠸᠠᠩ ᠯᠠᠨ ᠬᠤᠸᠠ ᠶ᠋ᠢᠨ ᠤᠷᠲᠤ ᠤᠳᠠᠭᠠᠨ ᠬᠤᠭᠤᠴᠠᠭᠠᠨ ᠤ᠋ ᠭᠡᠷ ᠪᠦᠯᠢ᠂ ᠡᠷ᠎ᠡ ᠡᠮ᠎ᠡ ᠶ᠋ᠢᠨ ᠬᠠᠷᠢᠴᠠᠭ᠎ᠠ᠂ ᠪᠣᠯᠤᠷᠴᠠᠭᠠᠨ ᠤ᠋ ᠬᠡᠷᠡᠭ ᠲᠦ᠍ ᠬᠣᠯᠪᠣᠭᠳᠠᠭᠰᠠᠨ ᠪᠠ ᠴᠢᠨᠠᠭᠰᠢ ᠠᠮᠢ ᠪᠠᠨ ᠠᠯᠳᠠᠭᠰᠠᠨ ᠬᠦᠷᠲᠡᠯ᠎ᠡ ᠨᠠᠷᠢᠨ ᠵᠦᠢᠴᠢᠯᠡᠵᠦ ᠲᠤᠯᠭᠠᠵᠠᠢ᠃ 
       — ᠸᠠᠩ ᠯᠠᠨ ᠬᠤᠸᠠ ᠭᠡᠭᠴᠢ ᠡᠨᠡ ᠳᠤᠮᠳᠠ ᠶ᠋ᠢ ᠪᠠᠷᠢᠮᠲᠠᠯᠠᠨ᠂ ᠶᠣᠰᠣ ᠶ᠋ᠢ ᠰᠢᠲᠦᠳᠡᠭ ᠡᠮᠡᠭᠲᠡᠢ ᠦᠨᠡᠨ ᠦᠭᠡ᠂ ᠦᠨᠡᠨ ᠬᠡᠷᠡᠭ ᠢ᠋ᠶ᠋ᠡᠷ ᠳᠣᠯᠣᠭᠠᠨ ᠲᠥᠷᠥᠯ ᠦ᠋ᠨ ᠳᠡᠭᠡᠳᠦᠰ ᠢ᠋ ᠨᠢ ᠠᠭᠤᠳᠠᠯᠤᠨ ᠬᠠᠷᠢᠶᠠᠭᠰᠠᠨ ᠴᠤ᠌ ᠬᠠᠯᠢᠷᠠᠯ ᠦᠭᠡᠢ ᠬᠦᠯᠢᠶᠡᠨ ᠠᠪᠬᠤ ᠠᠭᠤᠳᠠᠮ ᠪᠠᠭᠲᠠᠭᠠᠮᠵᠢ ᠲᠠᠢ ᠪᠢᠯᠡ᠃  ᠬᠡᠷᠪᠡ ᠪᠠᠰᠢᠷ ᠨᠠᠭᠠᠳᠤᠨ ᠮᠡᠬᠡᠯᠡᠯ ᠬᠢᠪᠡᠯ ᠶᠠᠰᠤᠨ ᠳ᠋ᠤᠨᠢ ᠣᠷᠣᠲᠠᠯ᠎ᠠ ᠵᠠᠨᠤᠳᠠᠭ ᠥᠪᠡᠷᠮᠢᠴᠡ ᠣᠨᠴᠠᠯᠢᠭ ᠨᠢ ᠴᠤ᠌ ᠬᠡᠵᠢᠶᠡᠳᠡ ᠬᠠᠯᠠᠬᠤ ᠳ᠋ᠤ᠌ ᠪᠡᠷᠬᠡ ᠪᠠᠢᠵᠠᠢ᠃ ᠡᠢᠮᠦ ᠰᠢᠯᠲᠠᠭᠠᠨ ᠠ᠋ᠴᠠ ᠲᠡᠷᠡ ᠤᠳᠠᠭᠠᠨ ᠵᠢᠯ ᠵᠣᠪᠠᠯ ᠵᠢᠷᠭᠠᠯ ᠢ᠋ᠶ᠋ᠠᠨ ᠬᠠᠮᠲᠤᠳᠬᠠᠭᠰᠠᠨ ᠲᠡᠷᠡ 《ᠨᠣᠶᠠᠨ》 ᠡᠷ᠎ᠡ ᠲᠡᠢ ᠪᠡᠨ ᠡᠪᠳᠡᠷᠡᠨ᠂ ᠡᠴᠦᠰ ᠲᠤ ᠪᠠᠨ ᠳᠡᠷ᠎ᠡ ᠰᠠᠯᠭᠠᠨ ᠰᠠᠭᠤᠴᠠ ᠪᠠᠨ ᠬᠣᠯᠠᠳᠤᠭᠤᠯᠤᠭᠰᠠᠨ ᠶᠤᠮ᠃ ᠁ᠡᠨᠡ ᠨᠢ ᠴᠤ᠌ ᠶᠠᠯᠢᠮ ᠦᠭᠡᠢ ᠤᠴᠢᠷ ᠠ᠋ᠴᠠ ᠡᠭᠦᠰᠦᠭᠰᠡᠨ ᠲᠤᠯᠠ ᠬᠠᠵᠠᠭᠤ ᠠ᠋ᠴᠠ ᠨᠢ ᠬᠢᠨᠠᠭᠰᠠᠳ ᠭᠠᠢᠭᠤᠢ ᠯᠠ ᠰᠠᠢᠨ ᠰᠠᠢᠬᠠᠨ ᠪᠠᠢᠭᠰᠠᠨ ᠤᠯᠤᠰ ᠢᠩᠭᠢᠵᠦ ᠡᠪᠳᠡᠷᠡᠨ᠎ᠡ ᠭᠡᠭᠴᠢ ᠳᠡ ᠭᠡᠮᠡᠨ ᠬᠠᠷᠠᠮᠰᠠᠳᠠᠭ ᠪᠠᠢᠯ᠎ᠠ᠃ 
       — ᠤᠤᠯ ᠨᠢ ᠸᠠᠩ ᠯᠠᠨ ᠬᠤᠸᠠ ᠶ᠋ᠢᠨ ᠲᠡᠵᠢᠭᠡᠭᠰᠡᠨ ᠬᠡᠦᠬᠡᠳ ᠥᠰᠬᠦ ᠳᠣᠳᠣᠮ ᠨᠢᠭᠤᠷ ᠴᠢᠷᠠᠢ ᠨᠢ ᠡᠷ᠎ᠡ ᠲᠡᠢ ᠨᠢ ᠲᠥᠰᠦᠭᠡ ᠲᠡᠢ ᠪᠣᠯᠵᠤ᠂ ᠳᠡᠭᠡᠷ᠎ᠡ ᠤᠷᠤᠭᠤᠯ ᠨᠢ ᠳᠣᠣᠷ᠎ᠠ ᠲᠠᠯ᠎ᠠ ᠠ᠋ᠴᠠ ᠪᠠᠨ ᠪᠠᠬᠠᠨ ᠭᠠᠳᠠᠭᠰᠢ ᠳᠠᠷᠪᠠᠢᠭᠰᠠᠨ ᠳᠣᠷᠪᠣᠭᠣᠷ ᠬᠡᠯᠪᠡᠷᠢ ᠨᠢ ᠬᠦᠷᠲᠡᠯ᠎ᠡ ᠰᠡᠭᠦᠳᠡᠷᠯᠡᠭᠰᠡᠨ ᠰᠢᠭ ᠳᠠᠭᠤᠷᠢᠶᠠᠭᠰᠠᠨ ᠢ᠋ ᠨᠢ ᠬᠡᠨ ᠦᠵᠡᠯ᠎ᠡ ᠭᠡᠳ ᠲᠥᠷᠥᠭᠰᠡᠨ ᠬᠦᠦ ᠨᠢ ᠭᠡᠮᠡᠷ ᠠᠳᠠᠯᠢᠬᠠᠨ ᠪᠠᠢᠵᠠᠢ᠃ 
       — ᠸᠠᠩ ᠯᠠᠨ ᠬᠤᠸᠠ ᠴᠤ᠌ ᠬᠠᠷᠠᠬᠤ ᠳᠣᠳᠣᠮ ᠰᠡᠵᠢᠭᠯᠡᠨ᠂ ᠡᠨᠡ ᠬᠦᠦ ᠶ᠋ᠢ ᠠᠪᠴᠢᠷᠠᠬᠤ ᠳ᠋ᠤ᠌ ᠴᠤ᠌ ᠬᠡᠳᠦ ᠬᠣᠨᠣᠭᠰᠠᠨ ᠮᠠᠶᠢᠭ ᠲᠠᠢ ᠪᠠᠢᠭᠰᠠᠨ᠃ ᠶᠠᠮᠠᠷ ᠬᠥᠮᠦᠨ ᠬᠡᠦᠬᠡᠳ ᠢ᠋ᠶ᠋ᠡᠨ ᠡᠢᠮᠦ ᠲᠡᠢᠮᠦ ᠰᠢᠯᠲᠠᠭ ᠢ᠋ᠶ᠋ᠠᠷ ᠬᠠᠶᠠᠬᠤ ᠪᠠᠷ ᠪᠣᠳᠣᠭᠰᠠᠨ ᠴᠤ᠌ ᠬᠡᠳᠦ ᠬᠣᠨᠣᠭᠤᠯᠤᠭᠠᠳ ᠬᠠᠶᠠᠬᠤ ᠦᠭᠡᠢ ᠶᠦᠮ᠃  
       — ᠲᠡᠷᠡ ᠴᠤ᠌ ᠪᠠᠢᠲᠤᠭᠠᠢ᠂ ᠬᠡᠦᠬᠡᠳ ᠲᠡᠵᠢᠭᠡᠭᠰᠡᠨ ᠦ᠌ ᠳᠠᠷᠠᠭ᠎ᠠ ᠭᠠᠷᠠᠭ ᠲᠤ᠌ ᠡᠷ᠎ᠡ ᠨᠢ ᠲᠡᠭᠦᠨ ᠢ᠋ ᠠᠷᠭᠠᠳᠠᠮᠠᠷ ᠣᠪᠣᠷ ᠲᠠᠢ ᠪᠠᠷ᠂ ᠬᠣᠵᠢᠮ ᠢ᠋ᠶ᠋ᠠᠨ ᠪᠣᠳᠣᠨ ᠲᠥᠷᠥᠭᠰᠡᠨ ᠬᠡᠦᠬᠡᠳ ᠭᠡᠵᠦ ᠬᠡᠯᠡᠶ᠎ᠡ ᠯᠠᠨ ᠬᠤᠸᠠ ᠮᠢᠨᠢ᠂ ᠭᠠᠳᠠᠨ᠎ᠠ ᠠᠵᠢᠯ ᠰᠢᠯᠵᠢᠵᠦ ᠶᠠᠪᠤ ᠭᠡᠵᠦ ᠬᠡᠯᠡᠭᠡᠳ ᠬᠣᠶᠠᠷ ᠵᠢᠯ ᠭᠠᠳᠠᠭᠰᠢ ᠶᠠᠪᠤᠭᠤᠯᠤᠭᠰᠠᠨ ᠵᠡᠷᠭᠡ ᠶ᠋ᠢ ᠨᠢ ᠪᠣᠳᠣᠪᠠᠯ ᠡᠨᠡ ᠬᠦᠦ ᠶ᠋ᠢ ᠲᠡᠵᠢᠭᠡᠭᠰᠡᠨ ᠳ᠋ᠦ᠍ ᠯᠠᠪ ᠴᠢᠳᠬᠥᠷ ᠪᠠᠢᠨ᠎ᠠ᠃ ᠡᠬᠡ ᠨᠢ ᠴᠤ᠌ ᠡᠨᠡ ᠣᠷᠴᠢᠮ ᠳ᠋ᠤ᠌ ᠪᠠᠢᠵᠤ ᠮᠡᠳᠡᠨ᠎ᠡ᠃ ᠴᠢᠭᠢᠶᠡᠲᠦᠷᠦᠦ᠂ ᠠᠳᠠᠯᠢᠪᠲᠤᠷ ᠵᠢᠰᠦ ᠲᠡᠢ ᠬᠥᠮᠦᠨ ᠴᠤ᠌ ᠬᠠᠶᠠ ᠪᠠᠢᠳᠠᠭ ᠶᠤᠮ᠃ ᠢᠩᠭᠢᠵᠦ ᠰᠠᠢᠬᠠᠨ ᠲᠠᠭᠠᠷᠠᠯᠴᠠᠬᠤ ᠭᠡᠭᠴᠢ ᠯᠠ‍ᠪ ᠪᠠᠢᠬᠤ ᠦᠭᠡᠢ ᠭᠡᠵᠦ ᠪᠣᠳᠣᠬᠤ ᠳᠣᠳᠣᠮ ᠠᠲᠠᠭ᠎ᠠ ᠨᠢ ᠬᠥᠳᠡᠯᠵᠦ ᠳᠡᠭᠡᠷ᠎ᠡ ᠳᠣᠣᠷ᠎ᠠ ᠦᠭᠡᠢ ᠴᠤᠤᠭᠢᠯᠴᠠᠵᠤ ᠭᠠᠷᠳᠠᠭ᠃ ᠲᠡᠭᠡᠭᠡᠳ ᠯᠡ ᠥᠭᠡᠬᠦᠨ ᠳ᠋ᠦ᠍ ᠥᠷᠭᠡᠰᠦ ᠴᠤᠭᠯᠠᠨ ᠡᠮᠬᠦᠭᠦᠯᠦᠭᠰᠡᠨ ᠰᠢᠭ ᠮᠡᠬᠡᠯᠡᠭᠰᠡᠨ ᠡᠷ᠎ᠡ ᠶ᠋ᠢ ᠪᠡᠨ ᠴᠠᠭᠠᠨ᠎ᠠ ᠠ᠋ᠴᠠ ᠪᠠᠨ ᠵᠠᠨᠤᠨ ᠬᠣᠷᠣᠰᠴᠤ᠂ ᠰᠥᠭᠥᠳᠦᠮᠡᠷ ᠭᠤᠶᠤᠵᠤ ᠪᠠᠢᠭᠰᠠᠨ ᠡᠷ᠎ᠡ ᠶ᠋ᠢ ᠪᠡᠨ ᠡᠷᠭᠢᠵᠦ ᠴᠤ᠌ ᠬᠠᠷᠠᠯ ᠦᠭᠡᠢ ᠪᠡᠷ ᠣᠷᠣ ᠳᠡᠪᠢᠰᠬᠡᠷ ᠢ᠋ᠶ᠋ᠡᠨ ᠲᠡᠪᠡᠷᠢᠵᠦ ᠭᠠᠷᠤᠭᠠᠳ ᠬᠤᠪᠢ ᠬᠣᠪᠢᠨ ᠳᠤ ᠪᠠᠨ ᠰᠠᠭᠤᠭᠰᠠᠨ ᠶᠤᠮ᠃
       — ᠢᠩᠭᠢᠵᠦ ᠰᠠᠯᠤᠯᠴᠠᠭᠰᠠᠨ ᠨᠢ 《ᠨᠣᠶᠠᠨ》 ᠭᠤᠸᠠᠢ ᠶ᠋ᠢ ᠠᠮᠢᠳᠤᠷᠠᠯ ᠳ᠋ᠤᠨᠢ ᠭᠠᠭᠴᠠᠭᠠᠷᠳᠠᠭᠤᠯᠤᠭᠰᠠᠨ ᠢ᠋ᠶ᠋ᠠᠷ ᠪᠠᠷᠠᠬᠤ ᠦᠭᠡᠢ᠂ ᠸᠠᠩ ᠯᠠᠨ ᠬᠤᠸᠠ ᠶ᠋ᠢᠨ ᠦᠵᠡᠰᠬᠦᠯᠡᠩ ᠲᠡᠢ ᠡᠳᠦᠷ ᠪᠣᠯᠭᠠᠨ ᠲᠠᠭᠠᠯᠴᠠᠵᠤ ᠠᠮᠠ ᠬᠣᠩᠰᠢᠶᠠᠷ ᠢ᠋ᠶ᠋ᠠᠨ ᠨᠡᠢᠯᠡᠭᠦᠯᠦᠨ ᠠᠪᠢᠷ ᠰᠢᠪᠠᠷ ᠬᠡᠯᠡᠯᠴᠡᠬᠦ ᠨᠢ ᠴᠤ᠌ ᠲᠡᠭᠦᠨ ᠳ᠋ᠦ᠍ ᠰᠡᠵᠢᠭᠯᠡᠯᠲᠡᠢ ᠰᠠᠨᠠᠭᠳᠠᠵᠠᠢ᠃  
       — ᠤᠳᠠᠭᠰᠠᠨ ᠦᠭᠡᠢ ᠦᠵᠡᠰᠬᠦᠯᠡᠩ ᠲᠡᠭᠦᠨ ᠦ᠌ ᠲᠡᠦᠬᠡ ᠶ᠋ᠢᠨ ᠳᠠᠷᠤᠭᠳᠠᠮᠠᠯ ᠨᠢᠭᠤᠴᠠ ᠶ᠋ᠢ ᠢᠯᠡᠷᠡᠭᠦᠯᠦᠨ ᠰᠢᠬᠠᠮᠳᠠᠭᠤᠯᠬᠤ ᠳ᠋ᠤ᠌᠂ ᠠᠢᠬᠤᠪᠲᠤᠷ ᠰᠦᠷᠳᠡᠨ ᠡᠨᠡ ᠬᠣᠶᠠᠷ ᠡᠬᠡᠨᠡᠷ ᠢ᠋ ᠰᠡᠷᠡᠮᠵᠢᠯᠡᠵᠦ ᠡᠬᠢᠯᠡᠭᠰᠡᠨ ᠨᠢ ᠦᠨᠡᠨ ᠳᠦ ᠪᠡᠨ ᠢᠯᠡᠭᠦᠴᠡ ᠰᠡᠵᠢᠭᠯᠡᠯ ᠪᠠᠢᠭᠰᠠᠨ ᠶᠤᠮ᠃ ᠭᠡᠲᠡᠯ᠎ᠡ ᠲᠡᠷᠡ ᠡᠨᠡᠬᠡᠨ ᠰᠡᠵᠢᠭ ᠢ᠋ᠶ᠋ᠡᠨ ᠦᠨᠡᠨ ᠮᠠᠭᠠᠳ ᠪᠣᠯᠭᠠᠬᠤ ᠪᠠᠷ ᠸᠠᠩ ᠯᠠᠨ ᠬᠤᠸᠠ ᠶ᠋ᠢᠨ ᠭᠡᠷ ᠲᠦ᠋ᠨᠢ ᠬᠤᠯᠠᠭᠠᠢᠯᠠᠨ ᠰᠣᠨᠣᠰᠬᠤ ᠮᠠᠰᠢᠨ ᠰᠡᠮᠬᠡᠨ ᠲᠣᠬᠢᠶᠠᠵᠤ ᠲᠠᠯᠪᠢᠵᠠᠢ᠃ ᠨᠡᠯᠢᠶᠡᠳ ᠬᠤᠭᠤᠴᠠᠭ᠎ᠠ ᠲᠡᠭᠦᠨ ᠦ᠌ ᠲᠤᠬᠠᠢ ᠡᠨᠡ ᠬᠣᠶᠠᠷ ᠡᠮᠡᠭᠲᠡᠢ ᠶᠠᠭᠤ ᠴᠤ᠌ ᠬᠡᠯᠡᠯᠴᠡᠭᠰᠡᠨ ᠦᠭᠡᠢ ᠳ᠋ᠦ᠍ ᠲᠡᠷᠡ ᠪᠠᠬᠠᠨ ᠰᠠᠨᠠᠭ᠎ᠠ ᠠᠮᠠᠷᠠᠭᠰᠠᠨ ᠪᠠᠢᠬᠤ᠃ 
       — ᠬᠠᠷᠢᠨ ᠲᠡᠷᠡ ᠦᠳᠡ ᠶ᠋ᠢᠨ ᠬᠣᠢᠨ᠎ᠠ 《ᠨᠣᠶᠠᠨ》ᠭᠤᠸᠠᠢ᠂ ᠦᠵᠡᠰᠬᠦᠯᠡᠩ ᠢ᠋ ᠬᠣᠣᠷᠯᠠᠬᠤ ᠪᠠᠷ ᠭᠡᠷ ᠲᠦ᠋ᠨᠢ ᠣᠷᠣᠬᠤ ᠳ᠋ᠤ᠌ ᠸᠠᠩ ᠯᠠᠨ ᠬᠤᠸᠠ ᠲᠡᠨᠳᠡ ᠪᠠᠢᠬᠤ ᠲᠠᠢ ᠬᠠᠷᠭᠤᠯᠳᠤᠵᠠᠢ᠃ 《ᠨᠣᠶᠠᠨ》 ᠮᠡᠳᠡᠭᠳᠡᠬᠦ ᠡᠴᠡ ᠪᠡᠨ ᠠᠶᠤᠬᠤ ᠳ᠋ᠠᠭᠠᠨ ᠵᠣᠷᠯᠣᠩ ᠳ᠋ᠤ᠌ ᠨᠢᠭᠤᠨ ᠬᠦᠯᠢᠶᠡᠵᠦ ᠪᠠᠢᠬᠤ ᠳ᠋ᠤ᠌᠂ ᠸᠠᠩ ᠯᠠᠨ ᠬᠤᠸᠠ ᠭᠠᠳᠠᠭᠰᠢ ᠭᠠᠷᠬᠤ ᠳᠤ ᠪᠠᠨ ᠭᠡᠨᠡᠳᠲᠡ ᠵᠣᠷᠯᠣᠩ ᠤ᠋ᠨ ᠳᠡᠷᠭᠡᠳᠡ ᠵᠣᠭᠰᠣᠰᠬᠢᠬᠦ ᠰᠢᠭ᠋ ᠪᠣᠯᠤᠭᠰᠠᠨ ᠨᠢ ᠲᠡᠭᠦᠨ ᠢ᠋ ᠠᠢᠬᠤᠪᠲᠤᠷ ᠰᠣᠴᠢᠭᠠᠨ᠂ ᠨᠠᠮ᠎ᠠ ᠶᠢ ᠰᠡᠷᠡᠵᠦ ᠮᠡᠳᠡᠭᠰᠡᠨ ᠪᠣᠯᠪᠠ ᠤᠤ ᠭᠡᠮᠡᠨ ᠰᠡᠵᠢᠭᠯᠡᠭᠰᠡᠨ ᠴᠤ᠌ ᠡᠷᠭᠢᠨ ᠲᠣᠭᠣᠷᠢᠨ ᠳ᠋ᠤᠨᠢ ᠥᠨᠳᠥᠷ ᠪᠣᠰᠬᠠᠭᠳᠠᠭᠰᠠᠨ ᠬᠡᠷᠡᠮ ᠦ᠋ᠨ ᠭᠠᠳᠠᠨ᠎ᠠ ᠠ᠋ᠴᠠ ᠳᠣᠲᠣᠷᠠᠬᠢ ᠬᠥᠮᠦᠨ ᠢ᠋ ᠶᠠᠭᠠᠬᠢᠭᠰᠠᠨ ᠴᠤ᠌ ᠣᠯᠵᠤ ᠦᠵᠡᠬᠦ ᠦᠭᠡᠢ ᠪᠣᠢ ᠭᠡᠵᠦ ᠪᠣᠳᠣᠬᠤ ᠳᠤ ᠪᠠᠨ ᠰᠠᠨᠠᠭ᠎ᠠ ᠨᠢ ᠠᠮᠠᠷᠠᠵᠠᠢ᠃ 
       — ᠦᠵᠡᠲᠡᠯ᠎ᠡ ᠴᠠᠭ ᠪᠠᠴᠢᠮ ᠪᠣᠯᠵᠤ ᠳᠠᠬᠢᠭᠠᠳ ᠣᠯᠠᠨ ᠢ᠋ ᠪᠣᠳᠣᠬᠤ ᠵᠠ‍ᠪ ᠦᠭᠡᠢ ᠪᠣᠯᠤᠭᠰᠠᠨ ᠪᠣᠯᠬᠣᠷ ᠸᠠᠩ ᠯᠠᠨ ᠬᠤᠸᠠ ᠶᠢ ᠭᠠᠷᠴᠤ ᠶᠠᠪᠤᠩᠭᠤᠲᠠ ᠳᠣᠲᠣᠭᠰᠢ ᠬᠤᠷᠳᠤᠨ ᠣᠷᠣᠵᠤ ᠬᠥᠮᠦᠨ ᠬᠣᠣᠷᠯᠠᠬᠤ ᠠᠵᠢᠯ ᠢ᠋ᠶ᠋ᠠᠨ ᠡᠬᠢᠯᠡᠭᠰᠡᠨ ᠪᠠᠢᠵᠠᠢ᠃ 
       — ᠰᠡᠵᠢᠭ ᠶᠡᠬᠡ ᠲᠡᠢ ᠡᠨᠡ 《ᠨᠣᠶᠠᠨ》 ᠬᠠᠷᠢᠵᠤ ᠢᠷᠡᠭᠰᠡᠨ ᠦ᠌ ᠪᠡᠨ ᠳᠠᠷᠠᠭ᠎ᠠ᠂ ᠦᠵᠡᠰᠬᠦᠯᠡᠩ ᠦ᠋ᠨ ᠳ᠋ᠦ᠍ ᠣᠴᠢᠭᠰᠠᠨ ᠢ᠋ ᠮᠠᠨᠢ ᠸᠠᠩ ᠯᠠᠨ ᠬᠤᠸᠠ ᠣᠯᠵᠤ ᠮᠡᠳᠡᠭᠰᠡᠨ ᠪᠣᠯᠪᠠ ᠤᠤ ᠦᠭᠡᠢ ᠪᠣᠯ ᠲᠡᠷᠡ ᠶᠠᠭᠤᠨ ᠳ᠋ᠤ᠌ ᠰᠢᠭᠤᠳ ᠶᠠᠪᠤᠬᠤ ᠦᠭᠡᠢ ᠵᠣᠷᠯᠣᠩ ᠤ᠋ᠨ ᠳᠡᠷᠭᠡᠳᠡ ᠵᠣᠭᠰᠣᠭᠰᠠᠨ ᠶᠤᠮ?  ᠡᠰᠡᠪᠡᠯ ᠲᠡᠷᠡ ᠵᠣᠷᠯᠣᠩ ᠳ᠋ᠤ᠌ ᠪᠡᠶ᠎ᠡ ᠵᠠᠰᠠᠬᠤ ᠶ᠋ᠢ ᠪᠣᠳᠣᠭᠠᠳ ᠪᠠᠢᠴᠢᠬᠠᠭᠰᠠᠨ ᠭᠡᠵᠢ ᠤᠤ? ᠭᠡᠵᠦ ᠡᠯᠳᠡᠪᠴᠢᠯᠡᠨ ᠰᠡᠵᠢᠭᠯᠡᠬᠦ ᠶ᠋ᠢᠨ ᠡᠷᠬᠡᠨ ᠳ᠋ᠦ᠍ ᠬᠡᠵᠢᠶᠡᠳᠡ ᠪᠠᠲᠤᠲᠠᠢ ᠪᠠᠢᠬᠤ ᠶ᠋ᠢ ᠪᠣᠳᠣᠯᠬᠢᠯᠠᠨ ᠭᠡᠷ ᠲᠦ᠋ᠨᠢ ᠲᠣᠬᠢᠶᠠᠭᠰᠠᠨ ᠬᠤᠯᠠᠭᠠᠢᠯᠠᠨ ᠰᠣᠨᠣᠰᠬᠤ ᠮᠠᠰᠢᠨ ᠢ᠋ᠶ᠋ᠠᠨ ᠠᠰᠢᠭᠯᠠᠵᠤ᠂ ᠬᠥᠳᠡᠯᠦᠯ ᠪᠠᠢᠳᠠᠯ᠂ ᠦᠭᠡ ᠶᠠᠷᠢᠶ᠎ᠠ ᠶ᠋ᠢ ᠨᠢ ᠠᠩᠬᠠᠷᠴᠤ ᠰᠣᠨᠣᠰᠴᠤ ᠪᠠᠢᠭᠰᠠᠨ᠃ 
       — ᠶᠠᠮᠠᠷ ᠴᠤ᠌ ᠣᠨᠴᠠᠭᠠᠢ ᠪᠠᠢᠳᠠᠯ ᠭᠠᠷᠤᠭ᠎ᠠ ᠦᠭᠡᠢ ᠪᠣᠯᠬᠤ ᠳ᠋ᠤ᠌ ᠳᠥᠩᠭᠡᠵᠦ ᠰᠠᠨᠠᠭ᠎ᠠ ᠲᠠᠯᠪᠢᠭᠤᠷᠠᠵᠤ ᠪᠠᠢᠲᠠᠯ᠎ᠠ ᠲᠦᠪᠰᠢᠨ᠂ ᠬᠥᠬᠡᠲᠤᠯᠢ ᠲᠡᠷᠡ ᠣᠷᠣᠢ ᠸᠠᠩ ᠯᠠᠨ ᠬᠤᠸᠠ ᠠ᠋ᠴᠠ ᠦᠵᠡᠰᠬᠦᠯᠡᠩ ᠢ᠋ ᠬᠣᠣᠷᠯᠠᠭᠳᠠᠬᠤ ᠶ᠋ᠢᠨ ᠡᠮᠦᠨᠡᠬᠡᠨ ᠲᠡᠳᠡᠨ ᠦ᠌ ᠳ᠋ᠦ᠍ ᠣᠴᠢᠭᠰᠠᠨ ᠬᠥᠮᠦᠰ ᠢ᠋ ᠮᠥᠷᠳᠡᠬᠦ ᠳᠦ ᠪᠡᠨ ᠯᠠ‍ᠪ ᠦᠵᠡᠭᠰᠡᠨ ᠪᠤᠶᠤ ᠮᠡᠳᠡᠭᠰᠡᠨ ᠪᠠᠢᠬᠤ ᠶᠣᠰᠣᠲᠠᠢ ᠭᠡᠵᠦ ᠰᠢᠬᠠᠨ ᠲᠤᠯᠭᠠᠬᠤ ᠳ᠋ᠤ᠌᠂ ᠸᠠᠩ ᠯᠠᠨ ᠬᠤᠸᠠ ᠴᠤ᠌ ᠲᠡᠷᠡ ᠬᠥᠮᠦᠨ ᠦ᠌ ᠨᠡᠷ᠎ᠡ ᠶ᠋ᠢ ᠬᠡᠯᠡᠮᠡᠷ ᠪᠠᠢᠭᠰᠠᠨ ᠢ᠋ ᠲᠡᠷᠡ ᠬᠤᠯᠠᠭᠠᠢᠯᠠᠨ ᠰᠣᠨᠣᠰᠬᠤ ᠮᠠᠰᠢᠨ ᠢ᠋ᠶ᠋ᠠᠷ ᠢ᠋ᠶ᠋ᠠᠨ ᠰᠣᠨᠣᠰᠴᠠᠢ᠃  
       — ᠵᠣᠯ ᠢ᠋ᠶ᠋ᠠᠷ ᠸᠠᠩ ᠯᠠᠨ ᠬᠤᠸᠠ ᠮᠠᠷᠭᠠᠰᠢ ᠨᠢ ᠬᠡᠯᠡᠬᠦ ᠪᠡᠷ ᠪᠣᠯᠤᠭᠰᠠᠨ ᠳ᠋ᠤ᠌ ᠰᠠᠶᠢ ᠨᠢᠭᠡ ᠠᠭᠤᠵᠢᠮ ᠠᠮᠢᠰᠬᠤᠭᠰᠠᠨ ᠪᠠᠢᠬᠤ᠃ ᠭᠡᠲᠡᠯ᠎ᠡ ᠲᠡᠷᠡ ᠪᠣᠳᠣᠬᠤ ᠳᠣᠳᠣᠮ ᠰᠡᠵᠢᠭᠯᠡᠨ᠂ ᠰᠡᠵᠢᠭᠯᠡᠬᠦ ᠳᠣᠳᠣᠮ ᠠᠶᠤᠨ᠂ ᠰᠥᠨᠢ ᠳᠦ ᠪᠡᠨ ᠵᠠᠪᠳᠤᠨ ᠸᠠᠩ ᠯᠠᠨ ᠬᠤᠸᠠ ᠶᠢᠨ ᠳ᠋ᠦ᠍ ᠣᠴᠢᠭᠰᠠᠨ ᠨᠢ ᠪᠠᠢᠳᠠᠯ ᠢ᠋ ᠣᠢᠯᠠᠭᠠᠬᠤ ᠭᠡᠰᠡᠨ ᠪᠠᠢᠬᠤ᠃ ᠶᠠᠷᠢᠶᠠᠨ ᠦᠭᠡᠢ ᠲᠡᠷᠡ ᠣᠴᠢᠬᠤ ᠳᠤ ᠪᠠᠨ ᠬᠣᠶᠠᠷ ᠲᠠᠯ᠎ᠠ ᠶ᠋ᠢᠨ ᠪᠡᠯᠡᠳᠬᠡᠯ ᠲᠡᠢ ᠪᠠᠢᠭᠰᠠᠨ ᠨᠢ ᠢᠯᠡᠬᠡᠨ᠃ ᠬᠡᠷᠪᠡ ᠲᠡᠭᠦᠨ ᠦ᠌ ᠣᠴᠢᠭᠰᠠᠨ ᠢ᠋ ᠲᠣᠳᠣᠷᠬᠠᠢ ᠮᠡᠳᠡᠬᠦ ᠦᠭᠡᠢ ᠮᠥᠷᠲᠡᠭᠡᠨ ᠵᠣᠷᠯᠣᠩ ᠳ᠋ᠤ᠌ ᠬᠡᠨ ᠪᠠᠢᠭᠰᠠᠨ ᠢ᠋ ᠮᠡᠳᠡᠬᠦ ᠦᠭᠡᠢ ᠪᠠᠢᠪᠠᠯ ᠠᠶ᠎ᠠ ᠪᠠᠷ ᠨᠢ ᠬᠠᠶᠠᠵᠤ ᠠᠮᠢ ᠶ᠋ᠢ ᠨᠢ ᠦᠯᠡᠳᠡᠭᠡᠨ᠎ᠡ᠃ ᠬᠡᠷᠪᠡ ᠲᠡᠭᠦᠨ ᠢ᠋ ᠶᠠᠭ ᠲᠠᠨᠢᠭᠰᠠᠨ ᠪᠣᠯ ᠠᠯᠠᠵᠤ ᠣᠷᠬᠢᠬᠤ ᠪᠠᠷ ᠲᠥᠯᠥᠪᠯᠡᠵᠡᠢ᠃ ᠲᠡᠷᠡ ᠡᠨᠡ ᠬᠦ᠌ ᠴᠢᠨᠠᠭᠰᠢ ᠬᠠᠨᠳᠤᠭᠰᠠᠨ ᠡᠬᠡᠨᠡᠷ ᠲᠤ  ᠪᠠᠨ ᠶᠠᠭᠠᠬᠢᠵᠤ ᠠᠮᠠ ᠨᠡᠭᠡᠭᠡᠨ ᠠᠷᠭᠠᠳᠠᠵᠤ ᠪᠠᠢᠭᠠᠳ ᠦᠨᠡᠨ ᠢ᠋ ᠨᠢ ᠣᠯᠬᠤ ᠲᠤᠬᠠᠢ ᠣᠯᠠᠨ ᠲᠠᠯ᠎ᠠ ᠪᠠᠷ ᠪᠣᠳᠣᠯᠬᠢᠯᠠᠭᠰᠠᠨ ᠪᠥᠭᠡᠳ ᠪᠠᠰᠠ ᠡᠳᠦᠢ ᠲᠡᠳᠦᠢ ᠡᠷᠡᠭᠡᠯᠵᠡᠯ ᠲᠡᠢ ᠪᠠᠢᠭᠰᠠᠨ ᠪᠠᠢᠬᠤ ᠶᠣᠰᠣᠲᠠᠢ᠃ ᠭᠡᠲᠡᠯ᠎ᠡ ᠲᠡᠷᠡ ᠬᠣᠶᠠᠭᠤᠯᠠ ᠠᠭᠤᠯᠵᠠᠮᠠᠭᠴᠠ ᠲᠡᠭᠦᠨ ᠦ᠌ ᠰᠠᠨᠠᠭᠠᠨ ᠠ᠋ᠴᠠ ᠭᠠᠳᠠᠨ᠎ᠠ ᠤᠴᠢᠷ ᠡᠭᠦᠰᠴᠡᠢ᠃ 
       — ᠤᠤᠯ ᠨᠢ ᠸᠠᠩ ᠯᠠᠨ ᠬᠤᠸᠠ᠂ ᠦᠵᠡᠰᠬᠦᠯᠡᠩ ᠢ᠋ ᠬᠣᠣᠷᠯᠠᠭᠳᠠᠬᠤ ᠲᠡᠷᠡ ᠦᠳᠡ ᠶ᠋ᠢᠨ ᠬᠣᠢᠨ᠎ᠠ ᠲᠡᠭᠦᠨ ᠲᠡᠢ ᠬᠠᠨᠲᠠᠯ᠎ᠠ ᠶᠠᠷᠢᠯᠴᠠᠭᠠᠳ ᠭᠠᠳᠠᠭᠰᠢ ᠭᠠᠷᠬᠤ ᠳ᠋ᠤ᠌᠂ ᠵᠣᠷᠯᠣᠩ ᠳ᠋ᠤ᠌ ᠶᠠᠮᠠᠷ ᠨᠢᠭᠡᠨ ᠰᠡᠵᠢᠭᠲᠡᠢ ᠶᠠᠭᠤᠮ᠎ᠠ ᠪᠠᠢᠬᠤ ᠰᠢᠭ᠋ ᠲᠡᠭᠦᠨ ᠳ᠋ᠦ᠍ ᠰᠠᠨᠠᠭᠳᠠᠭᠰᠠᠨ᠃ ᠲᠡᠭᠡᠭᠡᠳ ᠸᠠᠩ ᠯᠠᠨ ᠬᠤᠸᠠ ᠵᠣᠭᠰᠣᠰᠬᠢᠨ ᠦᠵᠡᠬᠦ ᠭᠡᠰᠡᠨ ᠪᠣᠯᠪᠠᠴᠤ ᠵᠣᠷᠢᠭ ᠬᠦᠷᠦᠭᠰᠡᠨ ᠦᠭᠡᠢ᠃ ᠭᠡᠲᠡᠯ᠎ᠡ ᠬᠠᠶᠠᠴᠢᠬᠠᠭᠠᠳ ᠶᠠᠪᠤᠬᠤ ᠳ᠋ᠤ᠌ ᠰᠠᠨᠠᠭ᠎ᠠ ᠠᠮᠤᠷ ᠦᠭᠡᠢ ᠰᠢᠭ ᠪᠠᠢᠭᠰᠠᠨ ᠪᠣᠯᠬᠣᠷ ᠬᠠᠭᠠᠰ ᠡᠷᠡᠭᠡᠯᠵᠡᠯ᠂ ᠬᠠᠭᠠᠰ ᠰᠡᠵᠢᠭᠯᠡᠯ ᠢ᠋ᠶ᠋ᠡᠷ ᠭᠠᠳᠠᠭᠰᠢ ᠭᠠᠷᠤᠭᠠᠳ ᠡᠭᠦᠳᠡ ᠵᠠᠪᠰᠠᠷᠯᠠᠵᠤ ᠳᠣᠲᠣᠭᠰᠢ ᠱᠠᠭᠠᠢᠭᠰᠠᠨ ᠪᠠᠢᠬᠤ᠃ ᠤᠳᠠᠭᠰᠠᠨ ᠦᠭᠡᠢ ᠡᠷ᠎ᠡ ᠨᠢ ᠵᠣᠷᠯᠣᠩ ᠠ᠋ᠴᠠ ᠭᠠᠷᠴᠤ ᠢᠷᠡᠬᠦ ᠳᠦ ᠪᠡᠨ ᠶᠡᠬᠡ ᠠᠷᠪᠢᠨ ᠰᠢᠮ᠎ᠡ ᠲᠡᠵᠢᠭᠡᠯᠲᠦ ᠶᠠᠭᠤᠮ᠎ᠠ ᠠᠪᠴᠢᠬᠠᠭᠰᠠᠨ ᠡᠢᠰᠢ ᠲᠡᠢᠰᠢ ᠬᠢᠯᠠᠩ ᠬᠢᠯᠠᠩ ᠬᠠᠷᠠᠭᠰᠠᠭᠠᠷ ᠳᠣᠲᠣᠭᠰᠢ ᠭᠤᠯᠭᠤᠨ ᠣᠷᠣᠬᠤ ᠳ᠋ᠤ᠌᠂ ᠸᠠᠩ ᠯᠠᠨ ᠬᠤᠸᠠ ᠶ᠋ᠢᠨ ᠠᠲᠠᠭ᠎ᠠ ᠵᠢᠲᠥᠭᠡ ᠰᠦᠷᠡᠬᠡᠢ ᠬᠥᠳᠡᠯᠦᠭᠰᠡᠨ ᠪᠠᠢᠨ᠎ᠠ᠃ 
       — ᠡᠨᠡ ᠭᠱᠠᠨ ᠳ᠋ᠤ᠌ ᠦᠵᠡᠰᠬᠦᠯᠡᠩ ᠦ᠋ᠨ ᠲᠡᠭᠦᠨ ᠳ᠋ᠦ᠍ ᠬᠡᠯᠡᠵᠦ ᠪᠠᠢᠭᠰᠠᠨ ᠡᠮᠡᠭᠲᠡᠢ ᠶ᠋ᠢᠨ ᠰᠠᠷᠠᠯ᠂ ᠣᠨᠴᠠᠭᠠᠢ ᠮᠡᠳᠡᠷᠡᠯ ᠢ᠋ᠶ᠋ᠡᠷ ᠳᠤᠲᠠᠮᠠᠭ ᠭᠡᠳᠡᠭ ᠦᠭᠡ ᠶᠠᠷᠢᠶ᠎ᠠ ᠬᠢᠭᠡᠳ ᠡᠷ᠎ᠡ ᠲᠡᠢ ᠨᠢ ᠠᠳᠠᠯᠢᠬᠠᠨ ᠵᠢᠰᠦᠲᠡᠢ ᠲᠡᠵᠢᠭᠡᠪᠦᠷᠢ ᠬᠡᠦᠬᠡᠳ ᠨᠢ ᠪᠣᠳᠣᠭᠳᠠᠬᠤ ᠳ᠋ᠤ᠌ ᠡᠯᠳᠡᠪ ᠰᠡᠵᠢᠭ ᠠᠯᠢᠪᠠ ᠶ᠋ᠢ ᠨᠢ ᠡᠵᠡᠮᠳᠡᠵᠡᠢ᠃ ᠲᠡᠭᠡᠭᠡᠳ ᠲᠡᠷᠡ ᠡᠨᠳᠡ ᠡᠴᠡ ᠮᠡᠳᠡᠭᠡ ᠰᠡᠭᠡᠭᠡ ᠪᠡᠨ ᠠᠯᠳᠠᠭᠰᠠᠨ ᠰᠢᠭ᠋ ᠪᠠᠢᠳᠠᠯ ᠲᠠᠢ ᠪᠠᠷ ᠰᠢᠤᠳᠠᠨ ᠲᠣᠪᠴᠢᠶᠠᠨ ᠳ᠋ᠤ᠌ ᠬᠦᠷᠴᠦ᠂ ᠵᠠᠬᠢᠳᠠᠯ ᠤ᠋ᠨ ᠦᠰᠦᠭ ᠢ᠋ ᠡᠨᠳᠡᠭᠦᠦ ᠪᠤᠷᠤᠭᠤ ᠪᠠᠷ ᠪᠢᠴᠢᠨ ᠵᠣᠭᠣᠰ ᠢ᠋ᠶ᠋ᠠᠨ ᠭᠤᠪᠢᠭᠤᠯᠤᠭᠰᠠᠨ ᠪᠠᠢᠵᠠᠢ᠃ ᠦᠨᠡᠨ ᠳᠦ ᠪᠡᠨ ᠲᠡᠭᠦᠨ ᠦ᠌ ᠡᠳᠡᠭᠡᠷ ᠪᠠᠢᠳᠠᠯ ᠢ᠋ ᠶᠡᠬᠡ ᠣᠯᠠᠨ ᠬᠥᠮᠦᠨ ᠦᠵᠡᠭᠰᠡᠨ ᠢ᠋ᠶ᠋ᠡᠷ ᠦᠯᠦ ᠪᠠᠷᠠᠨ ᠡᠳᠦᠭᠡ ᠵᠦᠢᠴᠢᠯᠡᠨ ᠪᠣᠳᠣᠭᠰᠠᠨ ᠴᠤ᠌ ᠮᠠᠰᠢ ᠢᠯᠡᠬᠡᠨ ᠪᠢᠰᠢ ᠤᠤ? ᠢᠩᠭᠢᠭᠡᠳ ᠸᠠᠩ ᠯᠠᠨ ᠬᠤᠸᠠ ᠬᠠᠷᠢᠵᠤ ᠢᠷᠡᠭᠰᠡᠨ ᠦ᠌ ᠳᠠᠷᠠᠭ᠎ᠠ ᠳᠣᠲᠣᠷ᠎ᠠ ᠨᠢ ᠠᠢᠬᠤᠪᠲᠤᠷ ᠪᠤᠬᠢᠨᠢᠳᠤᠨ ᠡᠷ᠎ᠡ ᠪᠡᠨ ᠬᠠᠷ᠎ᠠ ᠰᠠᠨᠠᠭᠠᠨ ᠠ᠋ᠴᠠ ᠪᠠᠨ ᠰᠡᠵᠢᠭᠯᠡᠭᠡᠳ ᠪᠠᠢᠭᠰᠠᠨ᠃ 
       — ᠦᠵᠡᠰᠬᠦᠯᠡᠩ ᠡᠷ᠎ᠡ ᠲᠡᠢ ᠪᠡᠨ ᠡᠪᠳᠡᠷᠡᠯᠴᠡᠨ ᠵᠣᠳᠣᠭᠳᠠᠨ ᠳᠠᠷᠴᠢᠯᠭᠠᠭᠳᠠᠵᠤ ᠪᠠᠢᠭᠰᠠᠨ ᠨᠢ ᠬᠠᠷᠢᠨ ᠮᠠᠨ ᠤ᠋ ᠬᠥᠮᠦᠨ ᠳᠤᠮᠳᠠ ᠨᠢ ᠣᠷᠣᠵᠤ ᠬᠤᠳᠬᠤᠭᠰᠠᠨ ᠪᠠᠢᠵᠢ ᠰᠢᠦ᠃ ᠬᠡᠷᠪᠡ ᠨᠥᠬᠥᠷ ᠨᠠᠢᠵᠠ ᠶ᠋ᠢᠨ ᠬᠤᠪᠢ ᠪᠠᠷ ᠣᠴᠢᠵᠤ ᠦᠵᠡᠬᠦ ᠶᠦᠮ ᠪᠣᠯ ᠭᠡᠭᠡᠨ ᠴᠠᠭᠠᠨ ᠡᠳᠦᠷ ᠶᠠᠭᠤᠨ ᠳ᠋ᠤ᠌ ᠡᠬᠡᠨᠡᠷ ᠡᠴᠡ ᠪᠡᠨ ᠨᠢᠭᠤᠵᠤ ᠳᠠᠯᠳᠠᠯᠠᠬᠤ ᠪᠣᠢ? ᠴᠢᠭᠢᠶᠡᠲᠦᠷᠦᠦ! ᠮᠠᠭᠤ ᠦᠵᠡᠰᠬᠦᠯᠡᠩ ᠴᠢ ᠬᠠᠷᠢᠨ ᠮᠠᠨ ᠤ᠋ ᠡᠪᠦᠭᠡᠨ ᠲᠡᠢ ᠠᠳᠠᠭ ᠮᠠᠭᠤ ᠠᠷᠠᠯᠵᠢᠶ᠎ᠠ ᠬᠢᠵᠦ᠂ ᠠᠯᠢᠪᠠ ᠪᠠᠨ ᠰᠢᠢᠳᠪᠦᠷᠢᠯᠡᠭᠦᠯᠵᠦ ᠪᠠᠢᠭᠰᠠᠨ ᠪᠠᠢᠨ᠎ᠠ ᠰᠢᠦ᠃ ᠢᠩᠭᠢᠭᠡᠳ ᠨᠠᠳᠠ ᠠ᠋ᠴᠠ ᠨᠢᠭᠤᠬᠤ ᠳᠤ ᠪᠠᠨ! ᠮᠣᠭᠠᠢ ᠶ᠋ᠢᠨ ᠡᠷᠢᠶᠡᠨ ᠭᠠᠳᠠᠨ᠎ᠠ ᠪᠠᠨ᠂ ᠬᠥᠮᠦᠨ ᠦ᠌ ᠡᠷᠢᠶᠡᠨ ᠳᠣᠲᠣᠷ᠎ᠠ ᠪᠠᠨ ᠭᠡᠭᠴᠢ ᠳᠡ᠃ ᠲᠡᠭᠦᠨ ᠢ᠋ ᠢᠩᠭᠢᠵᠦ ᠡᠯᠳᠡᠪᠴᠢᠯᠡᠨ ᠵᠦᠢᠴᠢᠯᠡᠵᠦ ᠪᠠᠢᠲᠠᠯ᠎ᠠ ᠮᠠᠷᠭᠠᠰᠢ ᠨᠢ ᠦᠵᠡᠰᠬᠦᠯᠡᠩ ᠦ᠋ᠨ ᠬᠣᠣᠷᠯᠠᠭᠳᠠᠭᠰᠠᠨ ᠨᠢ ᠰᠣᠨᠣᠰᠳᠠᠭᠰᠠᠨ ᠳ᠋ᠤ᠌ ᠨᠡᠩ ᠮᠡᠳᠡᠭᠡ ᠠᠯᠳᠠᠲᠠᠯ᠎ᠠ ᠰᠣᠴᠢᠵᠠᠢ᠃ 
       — ᠲᠡᠭᠡᠭᠡᠳ ᠸᠠᠩ ᠯᠠᠨ ᠬᠤᠸᠠ᠂ ᠡᠷ᠎ᠡ ᠶ᠋ᠢ ᠪᠡᠨ ᠲᠡᠷᠡ ᠦᠳᠡ ᠶ᠋ᠢᠨ ᠬᠣᠢᠨ᠎ᠠ ᠦᠵᠡᠰᠬᠦᠯᠡᠩ ᠲᠡᠢ ᠡᠯᠳᠡᠪᠯᠡᠵᠦ ᠪᠠᠢᠭᠠᠳ ᠪᠣᠯᠤᠷᠴᠠᠭᠠᠨ ᠳ᠋ᠤ᠌ ᠪᠠᠷᠢᠭᠳᠠᠭᠰᠠᠨ ᠪᠠᠢᠬ᠎ᠠ᠃ ᠲᠡᠭᠡᠭᠡᠳ ᠪᠣᠯᠤᠷᠴᠠᠭᠠᠨ ᠠᠭᠤᠷ ᠠᠲᠠᠭ᠎ᠠ ᠳᠤ ᠪᠠᠨ ᠡᠬᠡᠨᠡᠷ ᠢ᠋ᠶ᠋ᠡᠨ ᠵᠣᠳᠣᠵᠤ ᠠᠯᠠᠭᠰᠠᠨ ᠪᠠᠢᠯ ᠦᠭᠡᠢ ᠭᠡᠵᠦ ᠶᠠᠭ ᠦᠭᠡᠢ ᠪᠣᠳᠣᠵᠤ ᠪᠠᠢᠭᠰᠠᠨ᠃ 
       — ᠭᠡᠲᠡᠯ᠎ᠡ ᠰᠡᠭᠦᠯ ᠳ᠋ᠦ᠍ᠨᠢ ᠪᠤᠯᠤᠷᠴᠠᠭᠠᠨ ᠤ᠋ ᠲᠤᠰᠢᠶᠠᠭᠰᠠᠨ ᠢ᠋ ᠰᠤᠨᠤᠰᠤᠬᠤᠯ᠎ᠠ ᠡᠨᠡ ᠬᠡᠷᠡᠭ ᠲᠦ᠍ ᠡᠷ᠎ᠡ ᠨᠢ ᠬᠣᠯᠪᠣᠭᠳᠠᠬᠤ ᠦᠭᠡᠢ ᠪᠥᠭᠡᠳ ᠦᠵᠡᠰᠬᠦᠯᠡᠩ ᠴᠤ᠌ ᠵᠣᠳᠣᠭᠳᠠᠵᠤ ᠠᠯᠠᠭᠳᠠᠭᠰᠠᠨ ᠪᠢᠰᠢ ᠰᠢᠭ ᠪᠠᠢᠬᠤ ᠳ᠋ᠤ᠌ ᠲᠡᠷᠡ ᠬᠣᠶᠠᠷ ᠤ᠋ᠨ ᠳᠤᠮᠳᠠ᠂ ᠭᠤᠷᠪᠠ ᠶ᠋ᠢᠨ ᠬᠣᠭᠣᠷᠣᠨᠳᠣ ᠵᠥᠪ ᠳ᠋ᠦᠩ ᠢ᠋ᠶ᠋ᠡᠨ ᠭᠠᠷᠭᠠᠵᠤ ᠳᠡᠢᠯᠬᠦ ᠦᠭᠡᠢ ᠪᠠᠢᠯ᠎ᠠ᠃ ᠡᠨᠡ ᠦᠶ᠎ᠡ ᠳ᠋ᠦ᠍ ᠲᠦᠪᠰᠢᠨ ᠨᠠᠷ ᠸᠠᠩ ᠯᠠᠨ ᠬᠤᠸᠠ ᠠ᠋ᠴᠠ ᠦᠵᠡᠰᠬᠦᠯᠡᠩ ᠦ᠋ᠨ ᠭᠠᠳᠠᠨ᠎ᠠ ᠲᠠᠭᠠᠷᠠᠯᠳᠤᠭᠰᠠᠨ ᠬᠥᠮᠦᠨ ᠢ᠋ ᠰᠢᠬᠠᠨ ᠠᠰᠠᠭᠤᠬᠤ ᠳ᠋ᠤ᠌ ᠲᠡᠷᠡ ᠠᠷᠵᠠᠰᠬᠢᠨ ᠰᠣᠴᠢᠵᠤ᠄ 《ᠡᠪᠦᠭᠡᠨ ᠮᠢᠨᠢ ᠮᠢᠨᠦ ᠲᠥᠯᠥᠭᠡ ᠣᠳᠣ ᠴᠤ᠌ ᠠᠮᠢᠨ ᠬᠡᠷᠡᠭ ᠲᠦ᠍ ᠬᠣᠯᠪᠣᠭᠳᠠᠠ ᠳᠦᠭᠦᠷᠬᠦ ᠶᠦᠮ ᠪᠠᠢᠨ᠎ᠠ》 ᠭᠡᠵᠦ ᠪᠣᠳᠣᠨ ᠲᠦᠪᠰᠢᠨ ᠨᠠᠷ ᠲᠤ᠌ ᠡᠷ᠎ᠡ ᠶᠢᠨ ᠢ᠋ᠶ᠋ᠡᠨ ᠨᠡᠷ᠎ᠡ ᠶ᠋ᠢ ᠰᠢᠭᠤᠳ ᠬᠡᠯᠡᠬᠦ ᠡᠴᠡ ᠡᠷᠡᠭᠡᠯᠵᠡᠵᠦ ᠪᠠᠢᠭᠰᠠᠨ᠃ ᠡᠨᠡ ᠬᠦ᠌ ᠡᠷᠡᠭᠡᠯᠵᠡᠯ ᠨᠢ ᠲᠡᠭᠦᠨ ᠦ᠌ ᠠᠮᠢᠨ ᠳ᠋ᠤ᠌ ᠬᠦᠷᠬᠦ ᠶ᠋ᠢ ᠬᠡᠨ ᠰᠠᠨᠠᠯ᠎ᠠ ᠳᠠ᠃ 
       — ᠸᠠᠩ ᠯᠠᠨ ᠬᠤᠸᠠ᠂ ᠲᠦᠪᠰᠢᠨ ᠬᠥᠬᠡᠲᠤᠯᠢ ᠬᠣᠶᠠᠷ ᠢ᠋ ᠦᠳᠡᠵᠦ ᠭᠠᠷᠭᠠᠴᠢᠬᠠᠭᠠᠳ ᠶᠠᠭ ᠤᠨᠲᠠᠬᠤ ᠭᠡᠵᠦ ᠪᠠᠢᠳ᠋ᠨᠯ᠎ᠠ ᠨᠢᠭᠡ ᠬᠥᠮᠦᠨ ᠡᠭᠦᠳᠡ ᠶᠢ ᠨᠢ ᠲᠣᠭᠰᠢᠵᠠᠢ᠃ ᠢᠷᠡᠭᠰᠡᠨ ᠬᠥᠮᠦᠨ ᠡᠷ᠎ᠡ ᠨᠢ ᠪᠠᠢᠬᠤ ᠳ᠋ᠤ᠌ ᠲᠡᠭᠦᠨ ᠦ᠌ ᠰᠡᠵᠢᠭ ᠪᠤᠬᠢᠨᠢᠳᠤᠯ ᠨᠢ ᠬᠢᠯᠢᠩ ᠪᠤᠯᠳ ᠬᠤᠪᠢᠷᠠᠵᠤ᠂ ᠡᠷ᠎ᠡ ᠶᠢ ᠪᠡᠨ ᠳᠥᠩᠭᠡᠵᠦ ᠳᠣᠲᠣᠭᠰᠢ ᠣᠷᠣᠭᠤᠯᠤᠮᠠᠭᠴᠠ ᠨᠢᠭᠤᠷ ᠨᠢᠳᠦ ᠦᠭᠡᠢ ᠬᠠᠷᠢᠶᠠᠵᠤ ᠡᠬᠢᠯᠡᠵᠡᠢ᠃ 
       — ᠡᠵᠡᠨ ᠢ᠋ᠶ᠋ᠡᠨ ᠠᠯᠲᠠᠨᠰᠠᠨ ᠠᠳᠤᠭᠤᠰᠤ᠂ ᠶᠠᠭᠤᠨ ᠳ᠋ᠤ᠌ ᠡᠢᠮᠦ ᠣᠷᠣᠢ ᠡᠨᠳᠡ ᠢᠷᠡᠭᠰᠡᠨ ᠶᠦᠮ? ᠴᠢ ᠲᠡᠷᠡ ᠦᠵᠡᠰᠭᠦᠯᠡᠡᠩ ᠡᠬᠡ ᠲᠡᠢ ᠪᠡᠨ ᠭᠦᠶᠦᠵᠦ ᠪᠠᠢᠭᠰᠠᠭᠠᠷ ᠶᠠᠮᠠᠷ ᠪᠣᠯᠪᠠ? ᠣᠳᠣ ᠠᠮᠢᠨ ᠬᠡᠷᠡᠭ ᠲᠦ᠍ ᠬᠣᠯᠪᠣᠭᠳᠠᠯ᠎ᠠ ᠪᠢᠵᠡ? ᠣᠳᠣᠬᠠᠨ ᠴᠢᠮ᠎ᠠ ᠶᠢ ᠮᠥᠷᠳᠡᠵᠦ ᠪᠠᠢᠭᠰᠠᠨ ᠢ᠋ ᠴᠢ ᠮᠡᠳᠡᠨ᠎ᠡ ᠤᠤ?  ᠬᠥᠭᠰᠢᠷᠡᠭᠡᠳ ᠡᠮ᠎ᠡ ᠶᠢᠨ ᠪᠥᠭᠰᠡᠨ ᠳ᠋ᠦ᠍ ᠠᠮᠢ ᠪᠠᠨ ᠥᠭᠬᠦ ᠴᠢᠨᠢ᠃ ᠡᠯᠵᠢᠭᠡ ᠠ᠋᠂ ᠡᠯᠵᠢᠭᠡ᠃ ᠥᠭᠡ‍ᠢ ᠪᠣᠯ ᠴᠢ ᠲᠡᠷᠡ ᠠᠢᠯ ᠳ᠋ᠤ᠌ ᠣᠴᠢᠬᠤ ᠳᠤ ᠪᠠᠨ ᠶᠠᠭᠤᠨ ᠳ᠋ᠤ᠌ ᠬᠥᠮᠦᠨ ᠡᠴᠡ ᠨᠢᠭᠤᠳᠠᠭ ᠶᠤᠮ? ᠁ᠯᠠᠪ ᠲᠠ ᠬᠣᠶᠠᠭᠤᠯᠠ ᠶᠢᠨ ᠠᠪᠤᠰᠢ ᠦᠭᠡᠢ ᠲᠡᠪᠡᠷᠢᠯᠴᠡᠭᠡ ᠳᠡᠭᠡᠷ᠎ᠡ ᠡᠴᠡ ᠡᠷ᠎ᠡ ᠨᠢ ᠣᠷᠣᠭᠠᠳ ᠢᠷᠡᠭᠰᠡᠨ ᠪᠠᠢᠯ ᠦᠭᠡᠢ ᠭᠡᠵᠦ ᠬᠠᠷᠢᠶᠠᠬᠤ ᠳᠣᠳᠣᠮ ᠬᠡᠳᠡᠷᠯᠡᠨ ᠬᠦᠢᠲᠡᠨ ᠢ᠋ᠶ᠋ᠡᠷ ᠢᠨᠢᠶᠡᠵᠦ ᠭᠠᠷᠴᠠᠢ᠃ ᠡᠷ᠎ᠡ ᠨᠢ ᠲᠡᠭᠦᠨ ᠦ᠌ ᠢᠩᠭᠢᠵᠦ ᠬᠡᠯᠡᠬᠦ ᠶᠢ ᠰᠣᠨᠣᠰᠤᠭᠠᠳ ᠰᠦᠨᠡᠰᠦ ᠪᠡᠨ ᠵᠠᠢᠯᠠᠲᠠᠯ᠎ᠠ ᠠᠶᠤᠪᠠ᠃  
       — ᠤᠴᠢᠷ ᠨᠢ ᠲᠡᠭᠦᠨ ᠦ᠌ ᠪᠦᠬᠦ ᠨᠢᠭᠤᠴᠠ᠂ ᠲᠡᠭᠦᠨ ᠦ᠌ ᠠᠮᠠᠨ ᠠ᠋ᠴᠠ ᠢᠯᠡᠷᠡᠮᠡᠷ ᠪᠣᠯᠤᠭᠰᠠᠨ ᠪᠠᠢᠯ᠎ᠠ᠃ ᠠᠮᠢ ᠪᠠᠨ ᠬᠠᠮᠠᠭᠠᠯᠠᠶ᠎ᠠ ᠭᠡᠪᠡᠯ ᠸᠠᠩ ᠯᠠᠨ ᠬᠤᠸᠠ ᠶᠢ ᠠᠷᠢᠯᠭᠠᠬᠤ ᠳᠡᠭᠡᠷ᠎ᠡ ᠰᠡᠳᠬᠢᠯ ᠵᠥᠭᠡᠯᠡᠷᠡᠨ ᠭᠠᠷ ᠲᠠᠲᠠᠵᠤ ᠪᠣᠯᠬᠤ ᠦᠭᠡᠢ᠃ ᠣᠳᠣ ᠬᠤᠷᠳᠤᠬᠠᠨ᠁ ᠭᠡᠳ ᠳᠣᠣᠷ᠎ᠠ ᠪᠠᠨ ᠠᠮᠠᠨ ᠳᠡᠭᠡᠷ᠎ᠡ ᠪᠡᠨ ᠠᠯᠢᠪᠠ ᠶ᠋ᠢ ᠵᠥᠪᠰᠢᠶᠡᠷᠡᠨ ᠪᠤᠷᠤᠭᠤ ᠬᠦᠯᠢᠶᠡᠵᠦ᠂ ᠠᠭᠤᠴᠢᠯᠠᠬᠤ ᠶᠢ ᠬᠦᠰᠡᠭᠰᠡᠨ ᠪᠥᠭᠡᠳ ᠡᠬᠡᠨᠡᠷ ᠲᠡᠢ ᠪᠡᠨ ᠬᠣᠨᠣᠬᠤ ᠶᠢ ᠭᠤᠶᠤᠵᠠᠢ᠃
       — ᠲᠡᠭᠡᠭᠰᠡᠨ ᠳ᠋ᠦ᠍ ᠸᠠᠩ ᠯᠠᠨ ᠬᠤᠸᠠ ᠶᠢᠨ ᠰᠡᠳᠬᠢᠯ ᠨᠢ ᠵᠥᠭᠡᠯᠡᠷᠡᠵᠦ ᠲᠡᠭᠦᠨ ᠦ᠌ ᠠᠶ᠎ᠠ ᠪᠠᠷ ᠪᠣᠯᠤᠭᠠᠳ᠂ ᠡᠴᠦᠰ ᠲᠤ ᠪᠠᠨ ᠠᠮᠢ ᠪᠠᠨ ᠠᠯᠳᠠᠭᠰᠠᠨ ᠪᠠᠢᠨ᠎ᠠ᠃ 
       ᠲᠦᠪᠰᠢᠨ ᠡᠨᠳᠡ ᠬᠦᠷᠲᠡᠯ᠎ᠡ ᠬᠡᠯᠡᠭᠡᠳ᠂ ᠸᠠᠩ ᠯᠠᠨ ᠬᠤᠸᠠ ᠬᠡᠷᠪᠡ ᠲᠡᠷᠡ ᠦᠳᠡᠰᠢ ᠪᠢᠳᠡᠨ ᠳ᠋ᠦ᠍ ᠲᠡᠭᠦᠨ ᠦ᠌ ᠨᠡᠷ᠎ᠡ ᠶᠢ ᠬᠡᠯᠡᠭᠰᠡᠨ ᠪᠣᠯ ᠠᠷᠠᠢ ᠬᠣᠣᠷᠯᠠᠭᠳᠠᠬᠤ ᠪᠠᠷ ᠦᠭᠡᠢ ᠪᠠᠢᠭᠰᠠᠨ ᠶᠤᠮ᠃ ᠠᠢ᠂ ᠶᠠᠭᠤ ᠭᠡᠵᠦ ᠬᠡᠯᠡᠨ᠎ᠡ ᠳᠡ᠃ ᠨᠢᠭᠡᠨᠲᠡ ᠣᠷᠣᠢᠲᠠᠵᠠᠢ ᠭᠡᠵᠦ ᠪᠣᠳᠣᠨ ᠠᠢᠬᠤᠪᠲᠤᠷ ᠰᠡᠭᠦᠷᠡᠰᠦ ᠠᠯᠳᠠᠪᠠ᠃ 

            ᠤᠩᠰᠢᠭᠰᠠᠨ ᠨᠢ᠄  ᠴᠡᠴᠡᠭᠮ᠎ᠡ