ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢ ᠶᠢᠰᠦ> Хялгасан дөрөөн дээр – Хасвулаг зохиов <29>
ᠬᠢᠯᠭᠠᠰᠤᠨ ᠳᠥᠷᠥᠭᠡᠨ ᠳᠡᠭᠡᠷ᠎ᠡ - <ᠬᠣᠷᠢ ᠶᠢᠰᠦ>
ᠢᠯᠡ ᠰᠢᠭᠦᠯᠲᠡ ᠲᠦᠷ ᠵᠠᠪᠰᠠᠷᠯᠠᠪᠠ᠃
ᠲᠦᠪᠰᠢᠨ ᠭᠤᠸᠠᠢ ᠶ᠋ᠢ ᠲᠢᠩᠬᠢᠮ ᠳ᠋ᠡᠬᠢ ᠠᠮᠠᠷᠠᠯᠲᠠ ᠶ᠋ᠢᠨ ᠥᠷᠥᠭᠡᠨ ᠳ᠋ᠦ᠍ ᠣᠷᠣᠬᠤ ᠳ᠋ᠤ᠌᠂ ᠨᠢᠭᠡ ᠴᠠᠭᠠᠨ ᠪᠤᠭᠤᠷᠤᠯ ᠪᠥᠭᠲᠥᠷ ᠡᠪᠦᠭᠡᠨ ᠪᠣᠰᠴᠤ ᠤᠭᠲᠤᠪᠠ᠃
ᠨᠠᠰᠤ ᠠᠬᠢᠭᠰᠠᠨ ᠡᠨᠡ ᠨᠠᠰᠤᠲᠠᠨ ᠪᠣᠯ ᠳᠠᠷᠤᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠬᠣᠷᠢᠭᠤᠯ ᠤ᠋ᠨ ᠭᠠᠵᠠᠷ ᠤ᠋ᠨ ᠯᠢᠦ ᠲᠣᠭᠣᠭᠠᠴᠢ ᠰᠠᠨᠵᠠᠢ᠃ ᠬᠣᠶᠠᠷ ᠵᠢᠯ ᠦ᠋ᠨ ᠡᠮᠦᠨ᠎ᠡ ᠲᠡᠷᠡ ᠬᠦᠨᠳᠦ ᠡᠪᠡᠳᠴᠢᠨ ᠳ᠋ᠦ᠍ ᠨᠡᠷᠪᠡᠭᠳᠡᠨ ᠡᠮᠨᠡᠯᠭᠡ ᠳ᠋ᠦ᠍ ᠣᠷᠣᠭᠰᠠᠨ ᠤ᠋ ᠳᠠᠷᠠᠭ᠎ᠠ᠂ ᠡᠨᠳᠡᠭᠦᠦ ᠲᠣᠬᠢᠷᠠᠭᠤᠯᠤᠭᠰᠠᠨ ᠡᠮ ᠳ᠋ᠦ᠍ ᠬᠣᠣᠷᠳᠠᠭᠳᠠᠨ ᠦᠬᠦᠬᠦ ᠰᠢᠬᠠᠭᠰᠠᠨ ᠢ᠋ ᠪᠣᠯᠤᠷᠴᠠᠭᠠᠨ ᠴᠠᠭ ᠲᠤᠬᠠᠢ ᠳ᠋ᠤᠨᠢ ᠠᠷᠭ᠎ᠠ ᠬᠡᠮᠵᠢᠶ᠎ᠡ ᠠᠪᠴᠤ ᠡᠮᠨᠡ ᠵᠠᠰᠠᠭᠠᠳ ᠡᠷᠯᠢᠭ ᠦ᠋ᠨ ᠡᠭᠦᠳᠡᠨ ᠡᠴᠡ ᠪᠤᠴᠠᠭᠠᠨ ᠠᠪᠴᠢᠷᠠᠵᠠᠢ᠃ ᠢᠩᠭᠢᠭᠡᠳ ᠡᠨᠡ ᠡᠪᠦᠭᠡᠨ ᠦ᠌ ᠰᠡᠳᠬᠢᠯ ᠳ᠋ᠦ᠍ ᠪᠣᠯᠤᠷᠴᠠᠭᠠᠨ ᠤ᠋ ᠨᠡᠷ᠎ᠡ ᠬᠦᠨᠳᠦ ᠭᠦᠨ ᠰᠠᠢᠯᠦᠭᠳᠡᠵᠦ᠂ ᠶᠠᠭᠠᠬᠢᠬᠤ ᠶ᠋ᠢᠨ ᠠᠷᠭ᠎ᠠ ᠦᠭᠡᠢ ᠲᠠᠯᠠᠷᠬᠠᠳᠠᠭ ᠪᠠᠢᠵᠠᠢ᠃ ᠲᠡᠷᠡ ᠪᠠᠭ᠎ᠠ ᠯᠠ ᠵᠠᠪ ᠭᠠᠷᠪᠠᠯ ᠪᠣᠯᠤᠷᠴᠠᠭᠠᠨ ᠢ᠋ ᠡᠷᠢᠵᠦ ᠣᠴᠢᠨ ᠶᠠᠷᠢᠯᠴᠠᠨ ᠰᠠᠭᠤᠳᠠᠭ ᠪᠠᠢᠨ᠎ᠠ᠃ ᠡᠨᠡ ᠨᠠᠰᠤᠲᠠᠨ ᠪᠠᠰᠠ ᠮᠠᠰᠢ ᠠᠮᠠᠨᠴᠢᠷ᠂ ᠪᠣᠯᠤᠷᠴᠠᠭᠠᠨ ᠤ᠋ ᠠᠴᠢ ᠲᠤᠰᠠ ᠶ᠋ᠢ ᠬᠥᠮᠦᠨ ᠪᠦᠬᠦᠨ ᠳ᠋ᠦ᠍ ᠮᠠᠭᠲᠠᠨ ᠶᠠᠷᠢᠳᠠᠭ᠃ ᠲᠡᠳᠡᠨ ᠦ᠌ ᠬᠣᠭᠣᠷᠣᠨᠳᠣᠬᠢ ᠳᠣᠲᠣᠨᠣ ᠬᠠᠷᠢᠴᠠᠭ᠎ᠠ ᠶ᠋ᠢ ᠮᠡᠳᠡᠬᠦ ᠬᠥᠮᠦᠨ ᠴᠤ᠌ ᠠᠷᠪᠢᠨ᠃ ᠲᠡᠷᠡᠴᠢᠯᠡᠨ ᠵᠠᠷᠢᠮ ᠨᠢ ᠶᠠᠯ᠎ᠠ ᠬᠢᠭᠡᠳ ᠬᠣᠷᠢᠭᠳᠠᠵᠤ ᠪᠠᠢᠭ᠎ᠠ ᠲᠥᠷᠥᠯ ᠰᠠᠳᠤᠨ ᠲᠠᠢ ᠪᠠᠨ ᠵᠣᠯᠭᠠᠬᠤ ᠪᠠᠷ ᠣᠴᠢᠭᠠᠳ᠂ ᠬᠠᠷᠠᠭᠤᠯ ᠤ᠋ᠨ ᠴᠡᠷᠢᠭ ᠲᠦ᠍ ᠬᠠᠭᠠᠭᠳᠠᠨ ᠵᠣᠯᠭᠠᠵᠤ ᠳᠡᠢᠯᠬᠦ ᠦᠭᠡᠢ ᠪᠣᠯᠪᠠᠯ ᠪᠣᠯᠤᠷᠴᠠᠭᠠᠨ ᠢ᠋ᠶ᠋ᠠᠷ ᠯᠢᠦ ᠡᠪᠦᠭᠡᠨ ᠳ᠋ᠦ᠍ ᠦᠭᠡ ᠬᠡᠯᠡᠭᠦᠯᠵᠦ ᠪᠠᠢᠭᠠᠳ ᠲᠥᠷᠥᠯ ᠰᠠᠳᠤᠨ ᠲᠠᠢ ᠪᠠᠨ ᠠᠭᠤᠯᠵᠠᠵᠤ ᠵᠣᠯᠭᠠᠳᠠᠭ ᠪᠠᠢᠨ᠎ᠠ᠃
ᠬᠡᠯᠡᠯᠭᠡᠨ ᠦᠭᠡᠢ ᠡᠦ ᠹᠧᠩ ᠮᠧᠢ ᠡᠨᠡ ᠬᠦ᠌ ᠬᠠᠷᠢᠴᠠᠭ᠎ᠠ ᠶ᠋ᠢ ᠬᠠᠮᠤᠭ ᠠ᠋ᠴᠠ ᠲᠣᠳᠣᠷᠬᠠᠢ ᠮᠡᠳᠡᠬᠦ ᠪᠡᠷ ᠪᠠᠷᠠᠬᠤ ᠦᠭᠡᠢ᠂ ᠲᠡᠷᠡ ᠤᠳᠠᠭ᠎ᠠ ᠡᠪᠦᠭᠡᠨ ᠢ᠋ ᠡᠮᠨᠡᠯᠭᠡ ᠳ᠋ᠦ᠍ ᠰᠠᠭᠤᠵᠤ ᠪᠠᠢᠬᠤ ᠳ᠋ᠤ᠌ ᠥᠪᠡᠷ ᠦ᠋ᠨ ᠡᠨᠳᠡᠯ ᠳᠦ ᠪᠡᠨ ᠭᠡᠮᠰᠢᠨ ᠬᠠᠷᠠᠮᠰᠠᠭᠰᠠᠨ ᠰᠡᠳᠬᠢᠯᠭᠡ ᠪᠡᠷ ᠢ᠋ᠶ᠋ᠡᠨ ᠠᠰᠠᠷᠠᠵᠤ ᠰᠤᠪᠢᠯᠠᠭᠰᠠᠨ ᠠ᠋ᠴᠠ ᠭᠠᠢᠭᠤᠢ ᠰᠠᠢᠨ ᠲᠠᠨᠢᠯᠴᠠᠭᠰᠠᠨ ᠪᠠᠢᠵᠠᠢ᠃
ᠲᠦᠪᠰᠢᠨ᠂ ᠪᠣᠯᠤᠷᠴᠠᠭᠠᠨ ᠤ᠋ ᠬᠡᠷᠡᠭ ᠢ᠋ ᠲᠠᠬᠢᠵᠤ ᠪᠠᠢᠴᠠᠭᠠᠨ ᠮᠥᠷᠳᠡᠬᠦ ᠶᠠᠪᠤᠴᠠ ᠳᠤ ᠪᠠᠨ ᠤᠤᠯ ᠬᠡᠷᠡᠭ ᠦ᠋ᠨ ᠡᠪᠬᠡᠮᠡᠯ ᠳ᠋ᠦ᠍ ᠦᠭᠡᠢ ᠨᠢᠭᠡᠨ ᠣᠨᠴᠠᠭᠠᠢ ᠦ ᠰᠦᠪᠡᠭᠴᠢ ᠶ᠋ᠢ ᠢᠯᠡᠷᠡᠭᠦᠯᠦᠯ᠎ᠡ᠃
ᠡᠨᠡ ᠪᠣᠯ ᠳᠠᠷᠤᠢ ᠪᠣᠯᠤᠷᠴᠠᠭᠠᠨ ᠪᠠᠷᠢᠭᠳᠠᠭᠰᠠᠨ ᠤ᠋ ᠪᠠᠨ ᠮᠠᠷᠭᠠᠰᠢ ᠥᠷᠯᠥᠭᠡ ᠨᠢ ᠬᠣᠷᠢᠭᠤᠯ ᠤ᠋ᠨ ᠭᠠᠵᠠᠷ ᠤ᠋ᠨ ᠲᠣᠭᠣᠭᠠᠨ ᠭᠡᠷ ᠦ᠋ᠨ ᠴᠣᠩᠬᠣ ᠪᠠᠷ ᠡᠦ ᠹᠧᠩ ᠮᠧᠢ ᠲᠡᠢ ᠵᠣᠯᠭᠠᠭᠰᠠᠨ ᠤ᠋ ᠳᠠᠷᠠᠭ᠎ᠠ᠂ ᠤᠬᠠᠭᠠᠨ ᠰᠠᠨᠠᠭ᠎ᠠ ᠨᠢ ᠨᠢᠭᠡ ᠦᠶ᠎ᠡ ᠮᠡᠭᠡᠨᠡᠷᠡᠭᠰᠡᠨ ᠪᠠ ᠭᠡᠨᠡᠳᠲᠡ ᠣᠪᠣᠷ ᠢ᠋ᠶ᠋ᠠᠨ ᠥᠭᠡᠷᠡᠴᠢᠯᠡᠨ ᠨᠢᠭᠤᠵᠤ ᠪᠠᠢᠭᠰᠠᠨ ᠶᠠᠯ᠎ᠠ ᠪᠠᠨ ᠦᠨᠡᠨᠴᠢ ᠪᠡᠷ ᠴᠠᠭᠠᠪᠤᠷᠯᠠᠬᠤ ᠶ᠋ᠢ ᠭᠤᠶᠤᠭᠰᠠᠨ ᠶᠠᠪᠤᠳᠠᠯ ᠪᠣᠯᠤᠨ᠎ᠠ᠃
ᠭᠡᠲᠡᠯ᠎ᠡ ᠲᠡᠷᠡ ᠦᠶ᠎ᠡ ᠳ᠋ᠦ᠍ ᠵᠠᠷᠢᠮ ᠬᠥᠮᠦᠨ ᠡᠨᠡ ᠬᠦ᠌ ᠬᠡᠷᠡᠭ ᠦ᠋ᠨ ᠲᠤᠬᠠᠢ ᠶᠠᠷᠢᠶ᠎ᠠ ᠲᠤᠰᠬᠠᠯ ᠢ᠋ ᠳᠡᠮᠡᠢ ᠴᠢᠬᠤᠯᠠ ᠪᠠᠷ ᠦᠵᠡᠭᠰᠡᠨ ᠦᠭᠡᠢ ᠥᠩᠭᠡᠷᠡᠵᠡᠢ᠃
ᠲᠦᠪᠰᠢᠨ ᠬᠠᠷᠢᠨ ᠳᠠᠬᠢᠨ ᠪᠠᠢᠴᠠᠭᠠᠬᠤ ᠳᠤᠮᠳᠠ ᠪᠠᠨ ᠡᠭᠦᠨ ᠢ᠋ ᠣᠨᠴᠠᠭᠠᠢ ᠴᠢᠬᠤᠯᠠᠴᠢᠯᠠᠨ ᠦᠵᠡᠵᠦ᠂ ᠦᠵᠡᠰᠬᠦᠯᠡᠩ ᠦ᠋ᠨ ᠬᠣᠣᠷᠯᠠᠭᠳᠠᠭᠰᠠᠨ ᠨᠢ ᠯᠠᠪᠲᠠᠢ ᠨᠢᠭᠤᠴᠠ ᠰᠢᠯᠲᠠᠭᠠᠨ ᠲᠠᠢ ᠭᠡᠵᠦ ᠰᠡᠵᠢᠭᠯᠡᠵᠡᠢ᠃ ᠲᠡᠷᠡ ᠬᠣᠵᠢᠮ ᠨᠢ ᠪᠦᠷᠢᠨ ᠲᠡᠭᠦᠯᠳᠡᠷ ᠭᠡᠷᠡᠴᠢ ᠣᠯᠤᠭᠰᠠᠨ ᠤ᠋ ᠳᠠᠷᠠᠭ᠎ᠠ ᠯᠢᠦ ᠡᠪᠦᠭᠡᠨ ᠡᠴᠡ ᠣᠯᠠᠨ ᠳᠠᠬᠢᠨ ᠪᠠᠢᠴᠠᠭᠠᠵᠠᠢ᠃ ᠯᠢᠦ ᠡᠪᠦᠭᠡᠨ ᠠᠩᠬᠠᠨ ᠳᠤ ᠪᠠᠨ ᠠᠮᠠ ᠶ᠋ᠢ ᠨᠢ ᠴᠠᠪᠠᠤᠳᠠᠭᠰᠠᠨ ᠰᠢᠭ᠋ ᠳᠤᠤᠭᠠᠷᠬᠤ ᠦᠭᠡᠢ ᠪᠠᠢᠭᠰᠠᠨ ᠲᠤᠯᠠ ᠲᠦᠪᠰᠢᠨ ᠭᠤᠸᠠᠢ ᠲᠡᠭᠦᠨ ᠳ᠋ᠦ᠍ ᠣᠯᠠᠨ ᠲᠠᠯ᠎ᠠ ᠪᠠᠷ ᠦᠵᠡᠯ ᠰᠠᠨᠠᠭᠠᠨ ᠤ᠋ ᠠᠵᠢᠯ ᠬᠢᠭᠰᠡᠨ ᠰᠠᠭᠤᠷᠢᠨ ᠳᠡᠭᠡᠷ᠎ᠡ᠂ ᠬᠡᠷᠪᠡ ᠡᠨᠡ ᠤᠳᠠᠭᠠᠨ ᠤ᠋ ᠵᠣᠯᠭᠠᠯᠲᠠ ᠶ᠋ᠢ ᠨᠠᠷᠢᠨ ᠲᠣᠳᠣᠷᠬᠠᠢᠯᠠᠪᠠᠯ ᠪᠣᠯᠤᠷᠴᠠᠭᠠᠨ ᠤ᠋ ᠰᠢᠢᠳᠬᠡᠯ ᠢ᠋ ᠬᠥᠩᠭᠡᠷᠡᠭᠦᠯᠬᠦ ᠳ᠋ᠦ᠍ ᠠᠰᠢᠭᠲᠠᠢ ᠪᠣᠯᠬᠤ ᠶ᠋ᠢ ᠲᠠᠢᠯᠪᠤᠷᠢᠯᠠᠭᠰᠠᠨ ᠳ᠋ᠤ᠌ ᠲᠡᠷᠡ ᠰᠠᠶᠢ ᠠᠮᠠ ᠨᠡᠭᠡᠭᠡᠵᠡᠢ ᠁
ᠲᠡᠷᠡ ᠦᠷᠯᠦᠭᠡ ᠪᠣᠯᠤᠷᠴᠠᠭᠠᠨ ᠲᠠᠢ ᠠᠭᠤᠯᠵᠠᠭᠰᠠᠨ ᠡᠮᠡᠭᠲᠡᠢ ᠪᠣᠯ ᠡᠦ ᠹᠧᠩ ᠮᠧᠢ ᠮᠥᠨ᠃ ᠲᠡᠷᠡ ᠬᠣᠭᠣᠷᠣᠨᠳᠣ ᠪᠠᠨ ᠶᠠᠭᠤ ᠶᠠᠷᠢᠯᠴᠠᠭᠰᠠᠨ ᠢ᠋ ᠨᠢ ᠯᠢᠦ ᠲᠣᠭᠣᠭᠠᠴᠢ ᠳᠡᠮᠡᠢ ᠣᠯᠵᠤ ᠰᠣᠨᠣᠰᠤᠭᠰᠠᠨ ᠦᠭᠡᠢ᠃ ᠵᠥᠪᠬᠡᠨ ᠡᠦ ᠹᠧᠩ ᠮᠧᠢ ᠶ᠋ᠢᠨ ᠄《᠁ ᠪᠦᠷ ᠮᠢᠨᠦ ᠪᠦᠳᠦᠭᠦᠯᠢᠭ ᠡᠴᠡ ᠪᠣᠯᠵᠠᠢ᠃ ᠪᠢ ᠥᠪᠡᠷ ᠢ᠋ᠶ᠋ᠡᠨ ᠴᠠᠭᠠᠪᠤᠷᠯᠠᠨ ᠲᠤᠰᠢᠶᠠᠵᠤ ᠴᠢᠮ᠎ᠠ ᠶᠢ ᠠᠪᠤᠷᠠᠶ᠎ᠠ》 ᠭᠡᠬᠦ ᠳ᠋ᠦ᠍ ᠪᠣᠯᠤᠷᠴᠠᠭᠠᠨ᠄ 《ᠢᠩᠭᠢᠵᠦ ᠬᠢᠪᠡᠯ ᠬᠡᠨ ᠢᠲᠡᠭᠡᠬᠦ ᠪᠣᠢ? ᠡᠭᠦᠨ ᠦ᠌ ᠡᠰᠡᠷᠭᠦ ᠬᠣᠶᠠᠭᠤᠯᠠ ᠪᠠᠨ ᠪᠦᠷ ᠲᠣᠯᠣᠭᠠᠢ ᠪᠠᠨ ᠠᠪᠤᠭᠤᠯᠬᠤ ᠪᠣᠯᠤᠨ᠎ᠠ᠃ ᠴᠢ ᠶᠠᠭᠠᠬᠢᠭᠰᠠᠨ ᠴᠤ᠌ ᠨᠢᠭᠤᠴᠠ ᠶ᠋ᠢ ᠬᠠᠮᠠᠭᠠᠯᠠ᠃ ᠠᠯᠢᠪᠠ ᠶᠠᠯ᠎ᠠ ᠶ᠋ᠢ ᠪᠦᠷ ᠪᠢ ᠭᠠᠭᠴᠠᠭᠠᠷ ᠢ᠋ᠶ᠋ᠠᠨ ᠡᠭᠦᠷᠦᠶ᠎ᠡ》 ᠭᠡᠵᠦ ᠬᠡᠯᠡᠭᠰᠡᠨ ᠢ᠋ ᠨᠢ ᠰᠣᠨᠣᠰᠴᠠᠢ᠃
ᠡᠨᠡ ᠨᠢ ᠲᠦᠪᠰᠢᠨ ᠳ᠋ᠦ᠍ ᠬᠠᠷᠢᠨ ᠣᠯᠳᠠᠰᠢ ᠦᠭᠡᠢ ᠰᠠᠢᠨ ᠭᠡᠷᠡᠴᠢ ᠮᠠᠲ᠋ᠧᠷᠢᠶᠠᠯ ᠪᠣᠯᠵᠠᠢ᠃ ᠦᠵᠡᠲᠡᠯ᠎ᠡ ᠪᠣᠯᠤᠷᠴᠠᠭᠠᠨ ᠤ᠋ ᠬᠡᠷᠡᠭ ᠢ᠋ ᠳᠠᠬᠢᠨ ᠪᠠᠢᠴᠠᠭᠠᠬᠤ ᠨᠢᠭᠡ ᠰᠠᠷ᠎ᠠ ᠶ᠋ᠢᠨ ᠬᠤᠭᠤᠴᠠᠭ᠎ᠠ ᠲᠡᠭᠦᠰᠬᠦ ᠭᠡᠵᠦ ᠪᠠᠢᠬᠤ ᠳ᠋ᠤ᠌᠂ ᠬᠡᠷᠡᠭ ᠦ᠋ᠨ ᠵᠠᠩᠭᠢᠯᠠᠭ᠎ᠠ ᠪᠣᠯᠤᠭᠰᠠᠨ ᠪᠤᠯᠤᠷᠴᠠᠭᠠᠨ᠂ ᠡᠦ ᠹᠧᠩ ᠮᠧᠢ ᠶ᠋ᠢᠨ ᠵᠣᠯᠭᠠᠨ ᠶᠠᠷᠢᠯᠴᠠᠭᠰᠠᠨ ᠪᠦᠬᠦ ᠠᠭᠤᠯᠭ᠎ᠠ ᠶᠡᠷᠦ ᠨᠢ ᠲᠣᠳᠣᠷᠬᠠᠢᠯᠠᠭᠳᠠᠵᠤ ᠥᠭᠬᠦ ᠦᠭᠡᠢ ᠭᠠᠰᠠᠯᠭᠠᠵᠤ ᠪᠠᠢᠯ᠎ᠠ᠃
ᠤᠴᠢᠷ ᠨᠢ ᠪᠣᠯᠤᠷᠴᠠᠭᠠᠨ᠂ ᠡᠦ ᠹᠧᠩ ᠮᠧᠢ ᠬᠣᠶᠠᠭᠤᠯᠠ ᠡᠭᠦᠨ ᠢ᠋ᠶ᠋ᠡᠨ ᠶᠠᠭ ᠬᠡᠯᠡᠬᠦ ᠦᠭᠡᠢ᠃ ᠪᠤᠰᠤᠳ ᠬᠥᠮᠦᠨ ᠣᠢᠯᠠᠭᠠᠬᠤ ᠦᠭᠡᠢ ᠯᠡ ᠪᠠᠢᠯ᠎ᠠ᠃ ᠡᠢᠮᠦ ᠴᠢᠬᠤᠯᠠ ᠠᠰᠠᠭᠤᠳᠠᠯ ᠰᠢᠢᠳᠪᠦᠷᠢᠯᠡᠭᠳᠡᠬᠦ ᠦᠭᠡᠢ ᠪᠣᠯ ᠪᠦᠬᠦ ᠬᠡᠷᠡᠭ ᠲᠦ᠍ ᠦᠨᠳᠦᠰᠦᠨ ᠡᠷᠭᠢᠯᠲᠡ ᠭᠠᠷᠴᠤ ᠴᠢᠳᠠᠬᠤ ᠦᠭᠡᠢ ᠮᠥᠷᠲᠡᠭᠡᠨ ᠴᠢᠨᠠᠭᠰᠢᠯᠠᠪᠠᠯ ᠪᠠᠢᠴᠠᠭᠠᠬᠤ ᠬᠣᠷᠢᠶᠠᠨ ᠤ᠋ ᠤᠤᠯ ᠠᠯᠪᠠᠨ ᠵᠠᠭᠠᠯᠳᠤᠯᠭ᠎ᠠ ᠶ᠋ᠢ ᠥᠭᠡᠷᠡᠴᠢᠯᠡᠬᠦ ᠪᠠ ᠪᠤᠴᠠᠭᠠᠬᠤ ᠦᠭᠡᠢ ᠪᠡᠷ ᠪᠠᠢᠴᠠᠭᠠᠬᠤ ᠬᠤᠭᠤᠴᠠᠭ᠎ᠠ ᠶ᠋ᠢ ᠤᠷᠲᠤᠳᠬᠠᠵᠤ ᠨᠡᠩ ᠴᠢᠳᠠᠬᠤ ᠦᠭᠡᠢ ᠶᠦᠮ᠃
ᠬᠡᠯᠡᠯᠭᠡᠨ ᠦᠭᠡᠢ᠂ ᠰᠠᠷ᠎ᠠ ᠬᠢᠷᠢᠲᠡᠢ ᠬᠤᠭᠤᠴᠠᠭᠠᠨ ᠤ᠋ ᠪᠠᠢᠴᠠᠭᠠᠯᠲᠠ ᠪᠠᠷ ᠳᠠᠮᠵᠢᠭᠠᠳ᠂ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠦ᠋ᠨ ᠴᠠᠭᠠᠨᠠᠬᠢ ᠲᠤᠢᠯ ᠤ᠋ᠨ ᠨᠢᠭᠤᠴᠠ ᠠᠰᠠᠭᠤᠳᠠᠯ ᠤ᠋ᠨ ᠲᠤᠬᠠᠢ ᠲᠦᠪᠰᠢᠨ ᠨᠢᠭᠡᠨᠲᠡ ᠳᠣᠲᠣᠷ᠎ᠠ ᠪᠠᠨ ᠲᠣᠭ᠎ᠠ ᠲᠠᠢ ᠪᠣᠯᠵᠠᠢ᠃
ᠭᠡᠲᠡᠯ᠎ᠡ ᠪᠣᠯᠤᠷᠴᠠᠭᠠᠨ᠂ ᠡᠦ ᠹᠧᠩ ᠮᠧᠢ ᠮᠡᠲᠦ ᠶᠢᠨ ᠬᠥᠮᠦᠰ ᠦ᠋ᠨ ᠰᠢᠭᠤᠳ ᠭᠡᠷᠡᠴᠢ ᠳᠤᠲᠠᠭᠳᠠᠭᠰᠠᠨ ᠠ᠋ᠴᠠ ᠬᠥᠮᠦᠰ ᠢ᠋ ᠢᠲᠡᠭᠡᠭᠦᠯᠬᠦ ᠶ᠋ᠢᠨ ᠠᠷᠭ᠎ᠠ ᠦᠭᠡᠢ ᠪᠠᠢᠯ᠎ᠠ᠃
ᠡᠴᠦᠰ ᠲᠤ ᠪᠠᠨ ᠲᠡᠷᠡ ᠢᠯᠡ ᠰᠢᠭᠦᠯᠲᠡ ᠳᠡᠭᠡᠷ᠎ᠡ ᠯᠢᠦ ᠡᠪᠦᠭᠡᠨ ᠢ᠋ᠶ᠋ᠡᠷ ᠭᠡᠷᠡᠴᠢ ᠬᠢᠯᠭᠡᠵᠦ᠂ ᠪᠣᠯᠤᠷᠴᠠᠭᠠᠨ᠂ ᠡᠦ ᠹᠧᠩ ᠮᠧᠢ ᠬᠣᠶᠠᠷ ᠨᠢᠭᠤᠴᠠ ᠪᠠᠷ ᠵᠣᠯᠭᠠᠨ ᠶᠠᠷᠢᠯᠴᠠᠭᠰᠠᠨ ᠢ᠋ ᠨᠢ ᠢᠯᠡᠴᠢᠯᠡᠭᠦᠯᠵᠦ ᠳᠠᠷᠤᠯᠲᠠ ᠦᠵᠡᠭᠦᠯᠦᠨ ᠪᠠᠢᠴᠠᠭᠠᠯᠲᠠ ᠬᠢᠬᠦ ᠪᠡᠷ ᠲᠥᠯᠥᠪᠯᠡᠵᠡᠢ᠃ ᠯᠢᠦ ᠡᠪᠦᠭᠡᠨ ᠡᠬᠢᠨ ᠳᠦ ᠪᠡᠨ ᠲᠢᠩᠬᠢᠮ ᠳ᠋ᠦ᠍ ᠭᠠᠷᠴᠤ ᠭᠡᠷᠡᠴᠢ ᠬᠢᠬᠦ ᠶ᠋ᠢ ᠵᠥᠪᠰᠢᠶᠡᠷᠡᠬᠦ ᠦᠭᠡᠢ ᠪᠠᠢᠭᠰᠠᠨ ᠪᠣᠯᠪᠠᠴᠤ᠂ ᠲᠦᠪᠰᠢᠨ ᠦ᠌ ᠳᠠᠬᠢᠨ ᠳᠠᠬᠢᠨ ᠢᠳᠬᠠᠭᠰᠠᠨ ᠢ᠋ᠶ᠋ᠠᠷ ᠭᠡᠷᠡᠴᠢ ᠰᠠᠭᠤᠬᠤ ᠶ᠋ᠢ ᠳᠥᠩᠭᠡᠵᠦ ᠵᠥᠪᠰᠢᠶᠡᠷᠡᠵᠡᠢ᠃
ᠠᠩᠬᠠᠨ ᠳᠤ ᠪᠠᠨ ᠲᠡᠷᠡ ᠯᠢᠦ ᠡᠪᠦᠭᠡᠨ ᠦ᠌ ᠭᠡᠷᠡᠴᠢ ᠪᠡᠷ ᠰᠢᠯᠲᠠᠭ ᠪᠣᠯᠭᠠᠵᠤ ᠡᠨᠡ ᠤᠳᠠᠭᠠᠨ ᠤ᠋ ᠢᠯᠡ ᠰᠢᠭᠦᠯᠲᠡ ᠶ᠋ᠢ ᠲᠦᠷ ᠵᠠᠪᠰᠠᠷᠯᠠᠵᠤ᠂ ᠦᠷᠭᠦᠯᠵᠢᠯᠡᠨ ᠪᠠᠢᠴᠠᠭᠠᠬᠤ ᠳᠤ ᠪᠠᠨ ᠨᠥᠬᠥᠴᠡᠯ ᠪᠣᠯᠭᠠᠬᠤ ᠪᠠᠷ ᠪᠣᠳᠣᠵᠤ ᠪᠠᠢᠵᠠᠢ᠃
ᠭᠡᠲᠡᠯ᠎ᠡ ᠡᠦ ᠹᠧᠩ ᠮᠧᠢ ᠭᠡᠨᠡᠳᠲᠡ ᠥᠪᠡᠷ ᠢ᠋ᠶ᠋ᠡᠨ ᠱᠠᠭᠠᠷᠳᠠᠯᠭ᠎ᠠ ᠭᠠᠷᠭᠠᠨ ᠢᠯᠡ ᠲᠢᠩᠬᠢᠮ ᠳ᠋ᠦ᠍ ᠠᠮᠠᠨ ᠭᠡᠷᠡᠴᠢ ᠬᠢᠭᠰᠡᠨ ᠨᠢ ᠲᠡᠭᠦᠨ ᠦ᠌ ᠲᠥᠯᠥᠪᠯᠡᠭᠰᠡᠨ ᠡᠴᠡ ᠭᠠᠳᠠᠨᠠᠬᠢ ᠶᠠᠪᠤᠳᠠᠯ ᠪᠣᠯᠤᠭᠰᠠᠨ ᠪᠣᠯᠪᠠᠴᠤ ᠰᠠᠨᠠᠭᠠᠨ ᠳ᠋ᠤᠨᠢ ᠴᠢᠪ ᠭᠡᠲᠡᠯ᠎ᠡ ᠨᠡᠢᠴᠡᠵᠦ ᠤᠰᠤᠨ ᠤ᠋ ᠠᠶ᠎ᠠ ᠪᠠᠷ ᠣᠩᠭᠣᠴᠠ ᠪᠠᠨ ᠰᠡᠯᠢᠨ ᠢᠯᠡ ᠰᠢᠭᠦᠯᠲᠡ ᠶ᠋ᠢ ᠲᠦᠷ ᠵᠠᠪᠰᠠᠷᠯᠠᠬᠤ ᠶ᠋ᠢ ᠨᠡᠢᠲᠡᠯᠡᠵᠡᠢ᠃ ᠲᠡᠭᠡᠭᠡᠳ ᠲᠡᠷᠡ ᠠᠮᠠᠷᠠᠯᠲᠠ ᠶ᠋ᠢᠨ ᠥᠷᠥᠭᠡᠨ ᠳ᠋ᠦ᠍ ᠶᠠᠭᠠᠷᠠᠤ ᠣᠷᠣᠵᠤ ᠣᠴᠢᠮᠠᠭᠴᠠ ᠪᠠᠨ᠄
— ᠯᠢᠦ ᠪᠠᠭᠰᠢ ᠠ᠋᠂ ᠡᠦ ᠹᠧᠩ ᠮᠧᠢ ᠶᠢᠨ ᠰᠠᠶᠢ ᠶ᠋ᠢᠨ ᠬᠢᠭᠰᠡᠨ ᠭᠡᠷᠡᠴᠢ ᠶ᠋ᠢ ᠲᠠ ᠰᠣᠨᠣᠰᠤᠯ᠎ᠠ ᠪᠢᠵᠡ᠂ ᠲᠠ ᠣᠳᠣ ᠭᠡᠷᠡᠴᠢ ᠬᠢᠬᠦ ᠴᠢᠬᠤᠯᠠ ᠦᠭᠡᠢ ᠪᠣᠯᠤᠯ᠎ᠠ᠃ ᠲᠠ ᠤᠤᠯ ᠠ᠋ᠴᠠ ᠪᠠᠨ ᠭᠡᠷᠡᠴᠢ ᠰᠠᠭᠤᠬᠤ ᠳᠤᠷ᠎ᠠ ᠦᠭᠡᠢ ᠪᠠᠢᠭᠰᠠᠨ ᠰᠢᠦ᠃ ᠣᠳᠣ ᠰᠠᠨᠠᠭᠠᠨ ᠳ᠋ᠤ᠌ ᠴᠢᠨᠢ ᠲᠠᠭᠠᠷᠠᠯ᠎ᠠ ᠪᠢᠵᠡ ᠭᠡᠪᠡ᠃
— ᠲᠢᠩᠬᠢᠮ ᠦ᠋ᠨ ᠳᠠᠷᠤᠭ᠎ᠠ ᠠ᠋᠂ ᠡᠳᠡᠨ ᠦ᠌ ᠬᠣᠭᠣᠷᠣᠨᠳᠣ ᠡᠢᠮᠦ ᠬᠠᠷᠢᠴᠠᠭ᠎ᠠ ᠲᠠᠢ ᠭᠡᠰᠡᠨ ᠢ᠋ ᠪᠢ ᠶᠠᠭ ᠮᠡᠳᠡᠬᠦ ᠦᠭᠡᠢ᠃ ᠮᠢᠨᠦ ᠭᠡᠷᠡᠴᠢ ᠦᠨᠡᠬᠡᠷ ᠪᠣᠯᠤᠷᠴᠠᠭᠠᠨ ᠢ᠋ ᠠᠪᠤᠷᠠᠵᠤ ᠴᠢᠳᠠᠬᠤ ᠪᠠᠢᠭᠰᠠᠨ ᠪᠣᠯ ᠶᠠᠭᠤᠨ ᠳᠤ ᠪᠠᠨ ᠲᠡᠭᠡᠵᠦ ᠭᠤᠶᠤᠯᠭᠠᠬᠤ ᠪᠣᠢ? ᠠᠢ᠂ ᠮᠢᠨᠦ ᠡᠨᠡ ᠵᠥᠨᠥᠭ ᠲᠣᠯᠣᠭᠠᠢ ᠳᠠ᠃ ᠵᠥᠨᠥᠭ ᠲᠣᠯᠣᠭᠠᠢ᠃
— ᠣᠳᠣ ᠲᠠ ᠪᠠᠢᠭᠤᠯᠭ᠎ᠠ ᠳᠤ ᠪᠠᠨ ᠪᠤᠴᠠᠭᠠᠷᠠᠢ᠃
— ᠬᠣᠵᠢᠮ ᠤᠴᠢᠷ ᠲᠠᠢ ᠪᠣᠯᠪᠠᠯ ᠨᠠᠮ᠎ᠠ ᠶᠢ ᠡᠷᠢᠵᠦ ᠣᠴᠢᠭᠠᠷᠠᠢ᠃ ᠲᠤᠰᠠ ᠪᠣᠯᠤᠮᠠᠷ ᠶᠠᠭᠤᠮ᠎ᠠ ᠪᠠᠢᠪᠠᠯ ᠪᠦᠭᠦᠳᠡ ᠶ᠋ᠢ ᠨᠢ ᠬᠡᠯᠡᠵᠦ ᠥᠭᠭᠦᠶ᠎ᠡ᠃
— ᠵᠠ᠂ ᠯᠢᠦ ᠪᠠᠭᠰᠢ ᠳ᠋ᠤ᠌ ᠲᠠᠯᠠᠷᠬᠠᠵᠤ ᠪᠠᠢᠨ᠎ᠠ ᠭᠡᠳ ᠲᠦᠪᠰᠢᠨ ᠭᠤᠸᠠᠢ ᠯᠢᠦ ᠡᠪᠦᠭᠡᠨ ᠢ᠋ ᠮᠣᠷᠳᠠᠭᠤᠯᠪᠠ᠃
ᠤᠩᠰᠢᠭ᠌ᠰᠠᠨ ᠨᠢ᠄ ᠴᠡᠴᠡᠭᠮ᠎ᠠ
