ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠲᠠᠪᠤ > Хялгасан дөрөөн дээр – Хасвулаг зохиов <15> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠲᠠᠪᠤ > Хялгасан дөрөөн дээр – Хасвулаг зохиов <15>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠲᠠᠪᠤ > Хялгасан дөрөөн дээр – Хасвулаг зохиов <15>

ᠠᠩᠭᠢᠯᠠᠯ:ᠲᠤᠭᠤᠵᠢ ᠷᠣᠮᠠᠨ
2026-01-19

206

ᠬᠢᠯᠭᠠᠰᠤᠨ ᠳᠥᠷᠥᠭᠡᠨ ᠳᠡᠭᠡᠷ᠎ᠡ - < ᠠᠷᠪᠠᠨ ᠲᠠᠪᠤ >


                ᠠᠷᠪᠠᠨ ᠲᠠᠪᠤ 

       ᠨᠣᠬᠠᠢ ᠳ᠋ᠤ᠌ ᠲᠤᠷᠰᠢᠯᠲᠠ ᠬᠢᠵᠦ ᠡᠮ ᠦ᠋ᠨ ᠴᠢᠳᠠᠪᠤᠷᠢ ᠶ᠋ᠢ ᠣᠢᠯᠠᠭᠠᠭᠰᠠᠨ ᠠ᠋ᠴᠠ ᠬᠣᠢᠰᠢ᠂ ᠲᠦᠪᠰᠢᠨ ᠭᠤᠸᠠᠢ ᠳ᠋ᠤ᠌ ᠪᠡᠶ᠎ᠡ ᠳᠦ ᠪᠡᠨ ᠢᠲᠡᠭᠡᠯ ᠨᠠᠢᠳᠠᠪᠤᠷᠢ ᠲᠠᠢ ᠪᠣᠯᠤᠭᠰᠠᠨ ᠰᠢᠭ᠋ ᠰᠠᠨᠠᠭᠳᠠᠬᠤ ᠪᠣᠯᠵᠠᠢ᠃ 
       ᠬᠡᠳᠦᠢᠪᠡᠷ ᠪᠣᠯᠤᠷᠴᠠᠭᠠᠨ ᠤ᠋ ᠬᠡᠷᠡᠭ ᠲᠦ᠍ ᠪᠣᠳᠠᠲᠠᠢ ᠵᠥᠷᠢᠶ᠎ᠡ ᠬᠤᠪᠢᠷᠠᠯᠲᠠ ᠣᠳᠣᠬᠠᠨ ᠳ᠋ᠤ᠌ ᠭᠠᠷᠤᠨ᠎ᠠ ᠭᠡᠵᠦ ᠪᠠᠲᠤᠯᠠᠵᠤ ᠴᠢᠳᠠᠬᠤ ᠦᠭᠡᠢ ᠴᠦ᠍ ᠤᠤᠯ ᠬᠡᠷᠡᠭ ᠢ᠋ ᠲᠣᠭᠲᠠᠭᠠᠭᠰᠠᠨ ᠳ᠋ᠤ᠌ ᠠᠰᠠᠭᠤᠳᠠᠯ ᠪᠠᠢᠬᠤ ᠨᠢ ᠢᠯᠡᠷᠡᠵᠦ ᠡᠬᠢᠯᠡᠵᠡᠢ᠃  
       ᠢᠩᠭᠢᠬᠦᠯ᠎ᠡ ᠲᠡᠷᠡ ᠬᠠᠮᠢᠶ᠎ᠠ ᠪᠦᠬᠦᠢ ᠬᠥᠮᠦᠨ ᠡᠴᠡ ᠵᠠᠯᠭᠠᠭᠠᠳ ᠮᠥᠷᠳᠡᠵᠦ ᠮᠥᠰᠬᠢᠨ᠂ ᠵᠢᠵᠢᠭ ᠰᠠᠵᠢᠭ ᠵᠦᠢᠯ ᠢ᠋ ᠴᠦ᠍ ᠢᠷᠣᠭᠠᠷ ᠢ᠋ ᠨᠢ ᠭᠠᠷᠲᠠᠯ᠎ᠠ ᠠᠩᠬᠠᠷᠤᠨ ᠪᠠᠢᠴᠠᠭᠠᠬᠤ ᠪᠣᠯᠵᠠᠢ᠃ 
       ᠡᠨᠡ ᠦᠳᠡᠰᠢ᠂ ᠲᠦᠪᠰᠢᠨ᠂ ᠬᠥᠬᠡᠲᠣᠯᠢ ᠬᠣᠶᠠᠭᠤᠯᠠ ᠶ᠋ᠢ ᠸᠠᠩ ᠯᠠᠨ ᠬᠤᠸᠠ ᠶ᠋ᠢᠨ ᠳ᠋ᠦ᠍ ᠢᠷᠡᠬᠦ ᠳ᠋ᠦ᠍᠂ ᠸᠠᠩ ᠯᠠᠨ ᠬᠤᠸᠠ ᠲᠡᠳᠡ ᠬᠣᠶᠠᠭᠤᠯᠠ ᠶ᠋ᠢ ᠵᠣᠴᠢᠨ ᠤ᠋ ᠥᠷᠥᠭᠡᠨ ᠳᠦ ᠪᠡᠨ ᠤᠷᠢᠵᠤ ᠣᠷᠣᠭᠤᠯᠪᠠ᠃  ᠭᠡᠷ ᠦ᠋ᠨ ᠡᠵᠡᠨ᠂ ᠵᠣᠴᠢᠨ ᠲᠠᠢ ᠤᠴᠠᠷᠠᠬᠤ ᠦᠶ᠎ᠡ ᠶ᠋ᠢᠨ ᠦᠨᠡᠨ ᠭᠡᠪᠡᠯ ᠦᠨᠡᠨ᠂ ᠬᠠᠭᠤᠷᠮᠠᠭ ᠭᠡᠪᠡᠯ ᠬᠠᠭᠤᠷᠮᠠᠭ ᠭᠡᠮᠡᠷ ᠡᠳᠦᠢ ᠲᠡᠳᠦᠢ ᠵᠣᠴᠢᠨᠰᠠᠭ ᠦᠭᠡ ᠶᠠᠷᠢᠶ᠎ᠠ ᠥᠩᠭᠡᠷᠡᠭᠰᠡᠨ ᠦ᠌ ᠳᠠᠷᠠᠭ᠎ᠠ᠂ ᠡᠳᠡ ᠤᠭ ᠰᠡᠳᠦᠪ ᠲᠤ ᠪᠠᠨ ᠣᠷᠣᠵᠠᠢ᠃ ᠲᠦᠪᠰᠢᠨ ᠭᠤᠸᠠᠢ᠂ ᠨᠠᠰᠤ ᠪᠠᠷᠤᠭ ᠤ᠋ᠨ ᠡᠨᠡ ᠡᠬᠡᠨᠡᠷ ᠲᠡᠢ ᠬᠣᠶᠠᠷ ᠤᠳᠠᠭᠠᠨ ᠤ᠋ ᠶᠠᠷᠢᠯᠴᠠᠭ᠎ᠠ ᠪᠠᠷ ᠭᠠᠢᠭᠤᠢ ᠲᠠᠨᠢᠯᠴᠠᠨ ᠰᠢᠭᠤᠳ ᠰᠢᠯᠤᠭᠤᠬᠠᠨ ᠪᠣᠯᠤᠭᠰᠠᠨ ᠪᠠᠢᠨ᠎ᠠ᠃ 
       — ᠰᠣᠨᠣᠰᠬᠤ ᠳ᠋ᠤ᠌᠂ ᠦᠵᠡᠰᠬᠦᠯᠡᠩ ᠴᠢᠨᠦ ᠬᠡᠦᠬᠡᠳ ᠦ᠋ᠨ ᠬᠥᠯ ᠢ᠋ ᠰᠡᠭᠦᠳᠡᠷᠯᠡᠵᠦ ᠪᠠᠢᠭᠠᠳ ᠡᠨᠳᠡᠯ ᠭᠠᠷᠭᠠᠨ ᠰᠢᠢᠳᠬᠡᠯ ᠣᠯᠤᠭᠰᠠᠨ ᠭᠡᠨ᠎ᠡ ᠤᠤ?  
       — ᠲᠡᠷᠡ ᠴᠦ᠍ ᠶᠠᠭᠠᠬᠢᠬᠤ ᠶ᠋ᠢᠨ ᠠᠷᠭ᠎ᠠ ᠦᠭᠡᠢ ᠦᠨᠡᠨ᠃ ᠰᠢᠢᠳᠬᠡᠯ ᠣᠯᠤᠭᠰᠠᠨ ᠢ᠋ᠶ᠋ᠠᠷ ᠦᠯᠦ ᠪᠠᠷᠠᠮ ᠲᠥᠯᠥᠪᠦᠷᠢ ᠳ᠋ᠦ᠍ ᠤᠨᠠᠵᠤ᠂ ᠳᠠᠬᠢᠭᠠᠳ ᠪᠠᠰᠠ ᠨᠢᠭᠡ ᠤᠳᠠᠭᠠᠨ ᠤ᠋ ᠴᠠᠯᠢᠩ ᠥᠰᠦᠯᠲᠡ ᠡᠴᠡ ᠣᠰᠣᠯᠳᠠᠭᠠᠳ ᠦᠨᠡᠬᠡᠷ ᠣᠷᠣᠭᠰᠢ ᠮᠠᠭᠤᠲᠠᠢ᠂ ᠦᠵᠡᠰᠬᠦᠯᠡᠩ ᠦ᠋ᠨ ᠡᠨᠳᠡᠯ ᠨᠢ ᠶᠠᠭ ᠰᠠᠢᠬᠠᠨ ᠴᠠᠯᠢᠩ ᠥᠰᠬᠦ ᠲᠡᠢ ᠲᠠᠭᠠᠷᠠᠯᠳᠤᠴᠢᠬᠠᠬᠤ ᠨᠢ ᠭᠡᠯ᠎ᠡ᠃ 
       ᠤᠤᠯ ᠨᠢ ᠸᠠᠩ ᠯᠠᠨ ᠬᠤᠸᠠ ᠳ᠋ᠤ᠌ ᠨᠢᠭᠡ ᠥᠭᠡᠬᠦᠨ ᠳ᠋ᠦ᠍ ᠪᠠᠭᠯᠠᠭᠰᠠᠨ ᠪᠥᠭᠡᠷ᠎ᠡ ᠰᠢᠭ ᠡᠩᠬᠦᠷᠡᠢᠯᠡᠵᠦ ᠥᠰᠬᠡᠭᠰᠡᠨ ᠬᠦᠦ ᠲᠡᠢ ᠰᠠᠨᠵᠠᠢ᠃  
       ᠨᠢᠳᠤᠨᠤᠨ ᠵᠢᠯ ᠦ᠋ᠨ ᠡᠬᠢᠨ ᠳ᠋ᠦ᠍ ᠡᠨᠡ ᠬᠦᠦ ᠰᠤᠷᠭᠠᠭᠤᠯᠢ ᠳᠤ ᠪᠠᠨ ᠭᠤᠯᠭᠤᠭᠤᠷ ᠨᠠᠭᠠᠳᠴᠤ ᠪᠠᠢᠭᠠᠳ ᠬᠢᠴᠢᠶᠡᠮᠵᠢ ᠦᠭᠡᠢ ᠡᠴᠡ ᠪᠣᠯᠵᠤ ᠬᠥᠯ ᠢ᠋ᠶ᠋ᠡᠨ ᠬᠤᠭᠤᠯᠤᠭᠰᠠᠨ ᠪᠠᠢᠨ᠎ᠠ᠃  
       ᠢᠩᠭᠢᠭᠡᠳ ᠳᠠᠷᠤᠢ ᠳ᠋ᠤᠨᠢ ᠣᠯᠠᠨ ᠵᠦᠢᠯ ᠦ᠋ᠨ ᠠᠷᠭ᠎ᠠ ᠪᠠᠷ ᠡᠮᠨᠡᠨ ᠵᠠᠰᠠᠵᠠᠢ᠃  
       ᠰᠠᠷ᠎ᠠ ᠭᠠᠷᠤᠢ ᠪᠣᠯᠤᠭᠠᠳ ᠶᠠᠰᠤ ᠨᠢ ᠭᠦᠢᠴᠡᠳ ᠰᠠᠢᠨ ᠵᠠᠯᠭᠠᠭᠳᠠᠭᠰᠠᠨ ᠡᠰᠡᠬᠦ ᠶ᠋ᠢ ᠨᠢ ᠦᠵᠡᠬᠦ ᠪᠡᠷ ᠸᠠᠩ ᠯᠠᠨ ᠬᠤᠸᠠ᠂ ᠳᠣᠲᠣᠨᠣ ᠨᠠᠢᠵᠠ ᠦᠵᠡᠰᠬᠦᠯᠡᠩ ᠢ᠋ᠶ᠋ᠡᠨ ᠭᠤᠶᠤᠵᠤ X ᠰᠠᠴᠤᠷᠠᠭ ᠢ᠋ᠶ᠋ᠠᠷ ᠪᠠᠢᠴᠠᠭᠠᠯᠭᠠᠬᠤ ᠭᠡᠵᠡᠢ᠃  ᠭᠡᠲᠡᠯ᠎ᠡ ᠡᠨᠡ ᠤᠳᠠᠭ᠎ᠠ ᠪᠣᠯᠠᠢ ᠶᠠᠷᠰᠢᠭ ᠬᠡᠷᠡᠭ ᠭᠠᠷᠤᠭᠠᠳ ᠰᠡᠭᠦᠳᠡᠷᠯᠡᠵᠦ ᠵᠠᠪᠳᠤᠭᠰᠠᠨ ᠦᠭᠡᠢ᠃  ᠲᠡᠷᠡ ᠰᠡᠭᠦᠳᠡᠷᠯᠡᠬᠦ ᠳᠦ ᠪᠡᠨ ᠬᠢᠴᠢᠶᠡᠭᠰᠡᠨ ᠦᠭᠡᠢ ᠡᠴᠡ ᠪᠣᠯᠵᠤ᠂ ᠮᠠᠰᠢᠨ ᠢ᠋ᠶ᠋ᠠᠨ ᠤᠨᠠᠭᠠᠭᠠᠳ ᠭᠣᠣᠯ ᠡᠷᠭᠢ ᠱᠤᠷᠠᠭ ᠢ᠋ ᠨᠢ ᠰᠠᠯᠭᠠᠴᠢᠬᠠᠵᠠᠢ᠃  
       ᠮᠠᠭᠤ ᠬᠡᠷᠡᠭ ᠮᠢᠩᠭᠠᠨ ᠭᠠᠵᠠᠷ ᠲᠤ᠌ ᠳᠠᠮᠵᠢᠭᠳᠠᠨ᠎ᠠ ᠭᠡᠭᠴᠢ ᠪᠡᠷ ᠡᠨᠡ ᠬᠦ᠌ ᠬᠡᠷᠡᠭ ᠳᠣᠣᠷ᠎ᠠ ᠨᠢ ᠱᠠᠲᠤ ᠱᠠᠲᠤ ᠪᠠᠷ ᠳᠠᠮᠵᠢᠭᠳᠠᠭᠰᠠᠭᠠᠷ ᠤᠳᠠᠯ ᠦᠭᠡᠢ ᠬᠣᠷᠢᠶᠠᠨ ᠳᠠᠷᠤᠭ᠎ᠠ ᠨᠠᠷ ᠤ᠋ᠨ ᠴᠢᠬᠢᠨ ᠳ᠋ᠦ᠍ ᠬᠦᠷᠦᠭᠰᠡᠨ ᠢ᠋ᠶ᠋ᠡᠷ ᠪᠠᠷᠠᠬᠤ ᠦᠭᠡᠢ᠂ ᠪᠦᠬᠦ ᠬᠣᠷᠢᠶᠠᠨ ᠤ᠋ ᠰᠣᠨᠢᠨ ᠮᠡᠳᠡᠭᠡ ᠪᠣᠯᠵᠤ᠂ ᠨᠢᠭᠡ ᠶᠡᠬᠡ ᠬᠡᠷᠡᠭ ᠲᠦ᠍ ᠣᠷᠣᠮᠠᠷ ᠪᠣᠯᠴᠢᠬᠠᠯ᠎ᠠ᠃  
       ᠵᠠᠷᠢᠮ ᠬᠥᠮᠦᠨ ᠸᠠᠩ ᠯᠠᠨ ᠬᠤᠸᠠ ᠶ᠋ᠢ ᠪᠠᠢᠬᠤ ᠳ᠋ᠤᠨᠢ ᠲᠤᠰᠬᠠᠢᠯᠠᠨ ᠦᠵᠡᠰᠬᠦᠯᠡᠩ ᠦ᠋ᠨ ᠳᠡᠷᠭᠡᠳᠡ ᠣᠴᠢᠭᠠᠳ᠂ ᠴᠢᠮ᠎ᠠ ᠳ᠋ᠤ᠌ ᠶᠡᠷᠦ ᠨᠢ ᠠᠳᠠ ᠰᠢᠷᠭᠤᠴᠢᠬᠠᠭᠰᠠᠨ ᠶᠤᠮ ᠤᠤ? ᠡᠩ ᠦ᠋ᠨ ᠦᠶ᠎ᠡ ᠳᠦ ᠪᠡᠨ ᠰᠦᠷᠡᠬᠡᠢ ᠯᠡ ᠪᠣᠯᠭᠣᠮᠵᠢᠲᠠᠢ ᠪᠠᠢᠳᠠᠭ ᠰᠢᠳᠡ᠃ ᠭᠡᠨᠡᠳᠲᠡ ᠶᠠᠭᠠᠬᠢᠭᠠᠳ ᠡᠢᠮᠦ ᠶᠡᠬᠡ ᠬᠡᠷᠡᠭ ᠭᠠᠷᠭᠠᠴᠢᠬᠠᠭᠰᠠᠨ ᠪᠣᠢ? ᠭᠡᠵᠦ ᠰᠦᠷᠳᠡᠭᠦᠯᠦᠨ ᠬᠡᠯᠡᠳᠡᠭ ᠪᠠᠢᠯ᠎ᠠ᠃  ᠭᠡᠲᠡᠯ᠎ᠡ ᠣᠢᠯᠠᠭᠠᠭᠳᠠᠰᠢ ᠦᠭᠡᠢ ᠨᠢ ᠭᠤᠴᠢ ᠭᠠᠷᠤᠭᠰᠠᠨ ᠡᠨᠡ ᠡᠮᠡᠭᠲᠡᠢ ᠶᠠᠭ ᠯᠠ ᠬᠡᠷᠡᠭ ᠢ᠋ᠶ᠋ᠡᠨ ᠬᠢᠭᠡᠳ ᠬᠠᠶᠠᠭᠠᠨ ᠳ᠋ᠤᠨᠢ ᠨᠢᠭᠤᠳᠠᠭ ᠵᠣᠷᠢᠮᠠᠭ ᠬᠡᠦᠬᠡᠳ ᠰᠢᠭ ᠬᠢᠭᠰᠡᠨ ᠣᠰᠣᠯ ᠢ᠋ᠶ᠋ᠠᠨ ᠵᠢᠭᠠᠬᠠᠨ ᠴᠦ᠍ ᠶᠠᠭᠤᠮᠠᠨ ᠳ᠋ᠤ᠌ ᠪᠣᠳᠣᠬᠤ ᠦᠭᠡᠢ ᠪᠡᠷ ᠬᠠᠷᠢᠨ《ᠮᠠᠰᠢᠨ ᠤᠨᠠᠭᠠᠭᠰᠠᠨ ᠨᠢ ᠪᠠᠭ᠎ᠠ ᠬᠡᠷᠡᠭ᠃ ᠮᠢᠨᠦ ᠲᠡᠦᠬᠡ ᠶ᠋ᠢᠨ ᠬᠢᠯᠢᠰ ᠢ᠋ ᠴᠠᠭᠠᠳᠬᠠᠬᠤ ᠴᠠᠭ ᠪᠣᠯᠤᠭᠰᠠᠨ ᠰᠢᠦ᠃ ᠮᠢᠨᠦ ᠲᠡᠷᠡ ᠲᠡᠦᠬᠡ ᠶ᠋ᠢᠨ ᠬᠢᠯᠢᠰ ᠁ ᠴᠢᠭᠢᠶᠡᠲᠦᠷᠦᠦ! ᠪᠢ ᠡᠨᠡ ᠮᠠᠭᠤ ᠬᠦᠦ ᠶ᠋ᠢ ᠬᠥᠯ ᠦ᠋ᠨ ᠬᠢᠨᠢ ᠮᠡᠩᠭᠡ ᠪᠡᠷ ᠨᠢ ᠲᠠᠨᠢᠴᠢᠬᠠᠯ᠎ᠠ! ᠲᠡᠷᠡ ᠮᠢᠨᠦ ᠬᠡᠦᠬᠡᠳ ᠲᠡᠢ ᠬᠠᠮᠲᠤ ᠲᠥᠷᠥᠭᠰᠡᠨ ᠰᠢᠦ》ᠭᠡᠳ ᠭᠠᠯᠵᠠᠭᠤᠷᠠᠵᠤ ᠰᠣᠯᠢᠶᠠᠷᠠᠭᠰᠠᠨ ᠰᠢᠭ᠋ ᠡᠬᠢ ᠠᠳᠠᠭ ᠦᠭᠡᠢ ᠶᠠᠭᠤᠮ᠎ᠠ ᠶᠠᠷᠢᠬᠤ ᠳ᠋ᠤᠨᠢ ᠬᠥᠮᠦᠰ ᠲᠡᠭᠦᠨ ᠢ᠋ ᠮᠡᠳᠡᠷᠡᠯ ᠢ᠋ᠶ᠋ᠡᠨ ᠠᠯᠳᠠᠭᠰᠠᠨ ᠪᠣᠯᠪᠠ ᠤᠤ ᠭᠡᠵᠦ ᠰᠡᠵᠢᠭᠯᠡᠵᠦ ᠪᠠᠢᠵᠠᠢ᠃ 
       ᠨᠢᠭᠡ ᠤᠳᠠᠭ᠎ᠠ ᠲᠡᠷᠡ ᠸᠠᠩ ᠯᠠᠨ ᠬᠤᠸᠠ ᠶ᠋ᠢ ᠴᠣᠭᠣᠷᠣᠲᠠᠯ᠎ᠠ ᠰᠢᠷᠲᠡᠭᠰᠡᠨ ᠢ᠋ᠶ᠋ᠡᠨ᠄  
     《ᠸᠠᠩ ᠯᠠᠨ ᠬᠤᠸᠠ᠂ ᠴᠢ ᠳᠡ᠂ ᠨᠠᠮ᠎ᠠ ᠶᠢ ᠪᠠᠨ ᠡᠳᠦᠢ ᠴᠢᠨᠡᠭᠡᠨ ᠵᠢᠯ ᠮᠡᠬᠡᠯᠡᠬᠦ ᠳᠦ ᠪᠡᠨ᠁ ᠤᠤᠯ ᠨᠢ ᠴᠢ ᠶᠡᠷᠦ ᠡᠴᠡ ᠪᠡᠨ ᠬᠡᠦᠬᠡᠳ ᠲᠥᠷᠥᠭᠰᠡᠨ ᠦᠭᠡᠢ ᠪᠠᠢᠵᠤ ᠰᠢᠦ》 ᠭᠡᠵᠦ ᠶᠡᠬᠡ ᠢᠲᠡᠭᠡᠯ ᠠᠯᠳᠠᠭᠰᠠᠨ ᠪᠠᠢᠳᠠᠯ ᠲᠠᠢ ᠬᠡᠯᠡᠪᠡ᠃  
       ᠸᠠᠩ ᠯᠠᠨ ᠬᠤᠸᠠ ᠲᠥᠷᠥᠯᠬᠢ ᠲᠥᠷᠥᠬᠦ ᠴᠢᠳᠠᠪᠤᠷᠢ ᠦᠭᠡᠢ ᠨᠢ ᠦᠨᠡᠨ ᠬᠡᠷᠡᠭ᠃  ᠤᠯᠠᠭᠠᠨ ᠨᠢᠯᠬ᠎ᠠ ᠳ᠋ᠤᠨᠢ ᠲᠡᠵᠢᠭᠡᠵᠦ ᠠᠪᠤᠭᠰᠠᠨ ᠲᠡᠷᠡ ᠬᠦᠦ ᠶ᠋ᠢ ᠲᠥᠷᠥᠭᠰᠡᠨ ᠭᠡᠵᠦ ᠬᠡᠯᠡᠳᠡᠭ ᠨᠢ ᠨᠡᠷ᠎ᠡ ᠨᠢᠭᠤᠷ ᠢ᠋ᠶ᠋ᠠᠨ ᠬᠠᠢᠷᠠᠯᠠᠨ ᠡᠬᠡ ᠬᠦᠦ ᠶ᠋ᠢᠨ ᠬᠣᠵᠢᠮ ᠤ᠋ᠨ ᠬᠠᠷᠢᠴᠠᠭ᠎ᠠ ᠪᠠᠨ ᠪᠣᠳᠣᠭᠰᠠᠨ ᠠ᠋ᠴᠠ ᠪᠣᠯᠵᠠᠢ᠃ 
       ᠲᠡᠳᠡᠭᠡᠷ ᠵᠢᠯ ᠦ᠋ᠳ ᠲᠦ᠍ ᠬᠡᠦᠬᠡᠳ ᠲᠥᠷᠥᠬᠦ ᠦᠭᠡᠢ ᠡᠬᠡᠨᠡᠷ ᠢ᠋ ᠬᠥᠮᠦᠰ ᠮᠠᠭᠤᠯᠠᠬᠤ ᠨᠢ ᠬᠡᠴᠡᠭᠦᠦ ᠪᠠᠢᠭᠰᠠᠨ ᠪᠣᠯᠬᠣᠷ ᠬᠡᠴᠢᠨᠡᠭᠡᠨ ᠵᠢᠯ ᠳᠠᠷᠤᠭᠰᠠᠨ ᠨᠢᠭᠤᠴᠠ ᠨᠢ ᠢᠩᠭᠢᠵᠦ ᠯᠡᠪᠡᠷᠡᠬᠦ ᠳᠡᠭᠡᠷ᠎ᠡ ᠲᠤᠯᠤᠭᠰᠠᠨ ᠳ᠋ᠤ᠌ ᠸᠠᠩ ᠯᠠᠨ ᠬᠤᠸᠠ ᠶ᠋ᠢᠨ ᠳᠣᠲᠣᠷ᠎ᠠ ᠨᠢ ᠮᠠᠭᠤᠬᠠᠢᠷᠠᠭᠰᠠᠨ ᠪᠣᠯᠪᠠᠴᠤ ᠲᠡᠭᠦᠨ ᠳ᠋ᠦ᠍ ᠮᠠᠭᠤ ᠰᠠᠨᠠᠭᠰᠠᠨ ᠦᠭᠡᠢ᠂ ᠬᠠᠷᠢᠨ ᠳᠣᠲᠣᠷ᠎ᠠ ᠪᠠᠨ ᠦᠵᠡᠰᠬᠦᠯᠡᠩ ᠴᠢ ᠡᠢᠮᠦ ᠵᠢᠭᠠᠬᠠᠨ ᠨᠢᠭᠤᠴᠠ ᠶ᠋ᠢ ᠮᠡᠳᠡᠴᠢᠬᠡᠭᠡᠳ ᠶᠡᠬᠡ ᠶᠠᠭᠤᠮ᠎ᠠ ᠪᠣᠯᠭᠠᠵᠤ ᠥᠪᠡᠷ ᠦ᠋ᠨ ᠣᠰᠣᠯ ᠢ᠋ᠶ᠋ᠠᠨ ᠬᠠᠮᠢᠶᠠᠷᠬᠤ ᠦᠭᠡᠢ ᠠᠭᠠᠰᠢᠯᠠᠪᠠᠯ ᠪᠠᠬᠠᠨ ᠠᠬᠠᠳᠠᠬᠤ ᠪᠢᠵᠡ ᠭᠡᠵᠦ ᠪᠣᠳᠣᠵᠤ ᠪᠠᠢᠵᠠᠢ᠃ 
       ᠶᠠᠭᠤ ᠴᠦ᠍ ᠪᠣᠯᠤᠭ᠎ᠠ ᠦᠭᠡᠢ ᠰᠢᠭ ᠤᠷᠵᠢᠨᠤᠨ ᠴᠢᠷᠠᠢᠯᠠᠨ ᠶᠠᠪᠤᠵᠤ ᠪᠠᠢᠭᠰᠠᠨ ᠦᠵᠡᠰᠬᠦᠯᠡᠩ ᠢ᠋ ᠬᠦᠯᠢᠶᠡᠳᠡᠭ ᠨᠢ ᠬᠦᠨᠳᠦ ᠬᠠᠲᠠᠭᠤ ᠰᠢᠢᠳᠬᠡᠯ ᠪᠠᠢᠪᠠ᠃  ᠶᠡᠬᠡ ᠵᠣᠭᠣᠰᠤᠨ ᠤ᠋ ᠲᠥᠯᠥᠪᠦᠷᠢ ᠳ᠋ᠦ᠍ ᠬᠥᠮᠦᠰ ᠭᠠᠰᠠᠯᠬᠤ ᠠ᠋ᠴᠠ ᠪᠢᠰᠢ ᠬᠠᠪᠰᠤᠷᠬᠤ ᠦᠭᠡᠢ ᠭᠡᠳᠡᠭ ᠪᠣᠯᠪᠠᠴᠤ ᠸᠠᠩ ᠯᠠᠨ ᠬᠤᠸᠠ ᠬᠤᠷᠢᠶᠠᠵᠤ ᠪᠠᠢᠭᠰᠠᠨ ᠳᠣᠯᠣᠭᠠᠨ ᠵᠠᠭᠤᠨ ᠲᠥᠭᠥᠷᠢᠭ ᠢ᠋ᠶ᠋ᠡᠨ ᠬᠠᠷᠠᠮ ᠦᠭᠡᠢ ᠭᠠᠷᠭᠠᠨ ᠥᠭᠴᠡᠢ᠃  
       ᠦᠵᠡᠰᠬᠦᠯᠡᠩ ᠮᠥᠩᠭᠥ ᠶ᠋ᠢ ᠨᠢ ᠭᠠᠷᠳᠠᠨ ᠠᠪᠤᠮᠠᠭᠴᠠ ᠱᠣᠷᠬᠢᠷᠠᠲᠠᠯ᠎ᠠ ᠪᠠᠨ ᠤᠬᠢᠯᠠᠵᠤ ᠭᠠᠷᠴᠠᠢ᠃  
       ᠲᠡᠭᠦᠨ ᠦ᠌ ᠲᠡᠢᠮᠦ ᠰᠡᠳᠬᠢᠯ ᠵᠢᠷᠦᠬᠡ ᠡᠮᠲᠡᠷᠡᠵᠦ ᠰᠢᠮᠰᠢᠷᠡᠮ᠎ᠡ ᠭᠤᠨᠢᠵᠤ ᠬᠢᠯᠢᠰᠳᠡᠭᠰᠡᠨ ᠤᠬᠢᠯᠠᠯ ᠳ᠋ᠤ᠌ ᠵᠥᠭᠡᠯᠡᠨ ᠰᠡᠳᠬᠢᠯ ᠲᠡᠢ ᠸᠠᠩ ᠯᠠᠨ ᠬᠤᠸᠠ ᠲᠡᠰᠴᠦ ᠴᠢᠳᠠᠬᠤ ᠦᠭᠡᠢ ᠪᠣᠯᠬᠤ ᠳᠤ ᠪᠠᠨ᠂ ᠦᠵᠡᠰᠬᠦᠯᠡᠩ ᠮᠢᠨᠢ᠂ ᠶᠠᠭᠠᠬᠢᠭᠠᠳ ᠤᠳᠠᠭ᠎ᠠ ᠪᠣᠯᠭᠠᠨ ᠤ᠋ ᠮᠠᠭᠤ ᠬᠤᠪᠢ ᠴᠢᠮ᠎ᠠ ᠳ᠋ᠤ᠌ ᠯᠠ ᠲᠠᠭᠠᠷᠠᠭᠠᠳ ᠪᠠᠢᠬᠤ ᠶᠤᠮ ᠭᠡᠵᠦ ᠬᠥᠭᠡᠷᠦᠬᠦᠢᠯᠡᠨ ᠬᠡᠯᠡᠬᠦ ᠳ᠋ᠦ᠍᠂ ᠦᠵᠡᠰᠬᠦᠯᠡᠩ ᠸᠠᠩ ᠯᠠᠨ ᠬᠤᠸᠠ ᠶ᠋ᠢ ᠤᠯᠠᠮ ᠴᠢᠩᠭ᠎ᠠ ᠲᠡᠪᠡᠷᠢᠨ ᠤᠷᠤᠭᠤᠯ ᠢ᠋ᠶ᠋ᠠᠨ ᠴᠢᠬᠢᠨ ᠳ᠋ᠦ᠍ᠨᠢ ᠲᠤᠯᠭᠠᠨ᠄  
       《ᠡᠭᠡᠴᠢ ᠮᠢᠨᠢ ᠠ᠋᠂ ᠴᠢ ᠰᠠᠨᠠᠭ᠎ᠠ ᠠᠮᠤᠷ ᠪᠠᠢ᠂ ᠪᠢ ᠤᠳᠠᠯ ᠦᠭᠡᠢ ᠵᠣᠭᠣᠰ ᠢ᠋ ᠴᠢᠨᠢ ᠬᠦᠦ ᠮᠥᠩᠭᠥ ᠲᠡᠢ ᠨᠢ ᠪᠤᠴᠠᠭᠠᠬᠤ ᠶᠤᠮ᠃ ᠣᠳᠣ ᠪᠢ ᠵᠣᠭᠣᠰ ᠣᠯᠬᠤ ᠠᠷᠭ᠎ᠠ ᠲᠠᠢ ᠪᠣᠯᠴᠢᠬᠠᠭᠰᠠᠨ᠃ ᠪᠦᠬᠦ ᠰᠦᠢᠳᠦᠯ ᠬᠣᠬᠢᠷᠠᠯ ᠢ᠋ᠶ᠋ᠠᠨ ᠲᠥᠯᠥᠵᠦ ᠠᠪᠴᠤ ᠴᠢᠳᠠᠬᠤ ᠦᠭᠡᠢ ᠪᠣᠯ ᠪᠢ ᠦᠵᠡᠰᠬᠦᠯᠡᠩ ᠭᠡᠵᠦ ᠶᠠᠪᠤᠬᠤ ᠦᠭᠡᠢ᠃ ᠰᠠᠢᠨ ᠬᠡᠷᠡᠭ ᠬᠢᠪᠡᠯ ᠰᠠᠢᠬᠠᠨ ᠲᠠᠯᠠᠷᠬᠠᠯ ᠲᠠᠢ᠂ ᠮᠠᠭᠤ ᠶᠠᠪᠤᠳᠠᠯ ᠦᠢᠯᠡᠳᠪᠡᠯ ᠮᠠᠭᠤ ᠬᠠᠷᠢᠭᠤᠯᠲᠠ ᠣᠯᠬᠤ ᠶᠣᠰᠣᠲᠠᠢ᠃ ᠾᠧᠩ᠁》 ᠭᠡᠳ ᠲᠡᠷᠡ ᠡᠬᠢᠨ ᠳᠦ ᠪᠡᠨ ᠬᠡᠦᠬᠡᠳ ᠨᠢᠭᠤᠴᠠ ᠪᠠᠨ ᠬᠡᠯᠡᠵᠦ ᠪᠠᠢᠬᠤ ᠰᠢᠭ᠋ ᠰᠢᠪᠡᠨᠡᠵᠦ ᠪᠠᠢᠭᠰᠠᠨ ᠢ᠋ᠶ᠋ᠠᠨ ᠤᠯᠠᠮ ᠠ᠋ᠴᠠ ᠤᠯᠠᠮ ᠳᠠᠭᠤ ᠨᠢ ᠥᠨᠳᠥᠷᠵᠢᠨ ᠨᠢᠯᠪᠤᠰᠤᠲᠤ ᠨᠢᠳᠦᠨ ᠡᠴᠡ ᠨᠢ ᠬᠣᠷᠣᠰᠤᠯ ᠤ᠋ᠨ ᠣᠴᠢ ᠭᠢᠯᠠᠯᠵᠠᠵᠤ ᠡᠬᠢᠯᠡᠵᠡᠢ᠃  
       ᠸᠠᠩ ᠯᠠᠨ ᠬᠤᠸᠠ ᠰᠣᠨᠣᠰᠤᠭᠰᠠᠭᠠᠷ ᠪᠠᠢᠭᠠᠳ ᠰᠣᠴᠢᠨ ᠭᠠᠢᠬᠠᠵᠤ ᠲᠡᠭᠦᠨ ᠦ᠌ ᠮᠥᠷᠥ ᠶ᠋ᠢ ᠪᠠᠵᠠᠭᠳᠠᠨ ᠰᠠᠵᠢᠵᠤ᠂ ᠡᠨᠡ ᠴᠦ᠍ ᠣᠳᠣ ᠮᠡᠳᠡᠷᠡᠯ ᠢ᠋ᠶ᠋ᠡᠨ ᠠᠯᠲᠠᠨ ᠰᠣᠯᠢᠶᠠᠷᠠᠵᠤ ᠳᠠᠭᠤᠰᠬᠤ ᠨᠢ ᠭᠡᠵᠦ ᠠᠶᠤᠵᠠᠢ᠃  ᠭᠡᠲᠡᠯ᠎ᠡ ᠨᠠᠷᠢᠨ ᠠᠵᠢᠭᠯᠠᠬᠤ ᠳ᠋ᠤ᠌ ᠶᠡᠷᠦ ᠣᠨᠴᠠᠭᠠᠢ ᠢᠯᠡᠷᠡᠯ ᠭᠠᠷᠤᠭᠰᠠᠨ ᠦᠭᠡᠢ᠃  ᠵᠥᠪᠬᠡᠨ ᠶᠠᠭᠠᠨ ᠬᠤᠨᠳᠠᠨ ᠬᠠᠴᠠᠷ ᠳᠡᠭᠡᠭᠦᠷ ᠨᠢ ᠬᠣᠶᠠᠷ ᠵᠤᠷᠪᠤᠰ ᠨᠢᠯᠪᠤᠰᠤ ᠭᠣᠭᠣᠵᠢᠭᠠᠳ᠂ ᠪᠡᠶ᠎ᠡ ᠨᠢ ᠦᠯᠦ ᠮᠡᠳᠡᠭ ᠴᠡᠴᠡᠷᠬᠢᠯᠡᠵᠦ ᠪᠠᠢᠵᠠᠢ᠃ ᠸᠠᠩ ᠯᠠᠨ ᠬᠤᠸᠠ ᠠᠶᠤᠵᠤ ᠰᠣᠴᠢᠬᠤ ᠬᠣᠣᠰᠯᠠᠨ᠄ 
      《ᠴᠢ ᠨᠠᠳᠠ ᠵᠣᠭᠣᠰ ᠪᠤᠴᠠᠭᠠᠬᠤ ᠡᠰᠡᠬᠦ ᠨᠢ ᠶᠡᠷᠦ ᠬᠠᠮᠢᠶ᠎ᠠ ᠦᠭᠡᠢ᠂ ᠴᠢ ᠶᠡᠷᠦ ᠨᠢ ᠳᠠᠬᠢᠨ ᠲᠠᠬᠢᠨ ᠰᠣᠯᠢᠶ᠎ᠠ ᠡᠯᠢᠶ᠎ᠡ ᠲᠡᠢ ᠶᠦᠮ ᠰᠢᠭ ᠶᠠᠭᠤ ᠶᠠᠷᠢᠭᠠᠳ ᠪᠠᠢᠬᠤ ᠶᠤᠮ? ᠪᠣᠳᠣᠯ ᠰᠡᠳᠬᠢᠯᠭᠡ ᠪᠡᠨ ᠳᠠᠷᠤᠵᠤ ᠦᠵᠡ》 ᠭᠡᠵᠦ ᠠᠷᠭᠠᠳᠠᠬᠤ ᠳ᠋ᠤ᠌ ᠲᠡᠷᠡ ᠭᠠᠷ ᠢ᠋ᠶ᠋ᠠᠨ ᠬᠦᠴᠦᠯᠡᠨ ᠰᠠᠵᠢᠯᠠᠵᠤ᠄ 
       《ᠴᠢ ᠨᠠᠮ᠎ᠠ ᠶᠢ ᠢᠲᠡᠭᠡᠬᠦ ᠦᠭᠡᠢ ᠭᠡᠵᠢ ᠤᠤ? ᠪᠢ ᠶᠠᠮᠠᠷ ᠴᠦ᠍ ᠠᠰᠠᠭᠤᠳᠠᠯ ᠦᠭᠡᠢ᠃ ᠪᠦᠷ ᠦᠨᠡᠨ ᠦᠭᠡ ᠰᠢᠦ》 ᠭᠡᠳ ᠲᠠᠬᠢᠵᠤ ᠦᠭᠡ ᠳᠤᠤᠭᠠᠷᠬᠤ ᠦᠭᠡᠢ ᠪᠣᠯᠵᠠᠢ᠃ 
       ᠨᠢᠭᠡ ᠭᠠᠷᠠᠭ ᠤ᠋ᠨ ᠳᠠᠷᠠᠭ᠎ᠠ᠂ ᠸᠠᠩ ᠯᠠᠨ ᠬᠤᠸᠠ᠂ ᠦᠵᠡᠰᠬᠦᠯᠡᠩ ᠦ᠋ᠨ ᠰᠢᠢᠳᠬᠡᠯ ᠳ᠋ᠦ᠍ ᠠᠭᠤᠷ ᠬᠥᠳᠡᠯᠦᠨ ᠳᠡᠭᠡᠭᠰᠢ ᠵᠠᠭᠠᠯᠳᠤᠭᠰᠠᠨ ᠤ᠋ ᠬᠤᠪᠢ ᠳ᠋ᠤ᠌ ᠦᠵᠡᠰᠬᠦᠯᠡᠩ ᠲᠡᠭᠦᠨ ᠳ᠋ᠦ᠍ ᠠᠴᠢᠯᠠᠵᠤ ᠲᠠᠯᠠᠷᠬᠠᠭᠰᠠᠨ ᠦᠭᠡᠢ᠃  ᠬᠠᠷᠢᠨ ᠬᠠᠷ᠎ᠠ ᠮᠢᠬᠠᠨ ᠤ᠋ ᠲᠥᠯᠥᠭᠡ ᠰᠢᠷ᠎ᠠ ᠮᠢᠬ᠎ᠠ ᠵᠠᠭᠠᠲᠤᠨᠠᠵᠤ ᠢᠯᠡᠭᠦᠦ ᠬᠡᠷᠡᠭ ᠲᠦ᠍ ᠳᠤᠷᠠᠯᠠᠵᠤ ᠪᠠᠢᠨ᠎ᠠ ᠰᠢᠦ᠂ ᠲᠡᠨᠡᠭ ᠮᠢᠨᠢ ᠭᠡᠵᠦ ᠭᠣᠮᠣᠳᠠᠵᠤ ᠪᠠᠷᠠᠬᠤ ᠦᠭᠡᠢ ᠦᠭᠡ ᠬᠡᠯᠡᠵᠡᠢ᠃  
       ᠲᠡᠭᠡᠭᠡᠳ ᠪᠠᠰᠠ ᠴᠢ ᠭᠡᠭᠴᠢ ᠠᠮᠢᠲᠠᠨ ᠴᠠᠭ ᠤ᠋ᠨ ᠥᠩᠭᠡ ᠶ᠋ᠢ ᠲᠠᠨᠢᠬᠤ ᠦᠭᠡᠢ ᠪᠠᠢᠨ᠎ᠠ ᠰᠢᠦ᠃ ᠣᠳᠣ ᠶᠠᠭᠤᠮ᠎ᠠ ᠪᠠᠨ ᠥᠭᠭᠦᠭᠡᠳ ᠬᠥᠮᠦᠨ ᠭᠤᠶᠤᠬᠤ ᠴᠠᠭ ᠮᠥᠨ ᠤᠤ? ᠴᠢ ᠮᠢᠨᠦ ᠦᠭᠡ ᠶ᠋ᠢ ᠢᠲᠡᠭᠡᠬᠦ ᠦᠭᠡᠢ ᠪᠣᠯ ᠬᠠᠷᠠᠵᠤ ᠪᠠᠢ ᠳᠠ᠃  ᠬᠣᠵᠢᠮ ᠲᠡᠳᠡ ᠨᠠᠳᠠ ᠪᠦᠷ ᠥᠪᠡᠷ ᠵᠢᠡᠨ ᠬᠦᠷᠭᠡᠵᠦ ᠢᠷᠡᠬᠦ ᠶᠦᠮ ᠭᠡᠵᠦ ᠬᠣᠷᠣᠰᠤᠯ ᠲᠠᠢ ᠬᠡᠯᠡᠵᠦ ᠪᠠᠢᠵᠠᠢ᠃ 
       ᠸᠠᠩ ᠯᠠᠨ ᠬᠤᠸᠠ ᠲᠡᠭᠡᠭᠡᠳ ᠲᠠᠬᠢᠵᠤ ᠳᠤᠤᠭᠠᠷᠬᠤ ᠪᠠᠨ ᠪᠣᠯᠢᠵᠤ᠂ ᠬᠣᠵᠢᠮ ᠤ᠋ᠨ ᠡᠳᠦᠷ ᠦ᠋ᠳ ᠲᠤᠨᠢ ᠨᠢᠳᠦ ᠪᠦᠯᠲᠡᠢᠨ ᠬᠠᠷᠠᠵᠤ ᠰᠠᠭᠤᠵᠠᠢ᠃ 
       ᠰᠠᠨᠠᠭᠠᠨ ᠠ᠋ᠴᠠ ᠭᠠᠳᠠᠨ᠎ᠠ ᠳᠡᠮᠡᠢ ᠤᠳᠠᠭᠰᠠᠨ ᠦᠭᠡᠢ ᠣᠷᠣᠭᠰᠢ ᠦᠭᠡᠢ ᠶᠠᠪᠤᠳᠠᠯ ᠤ᠋ᠳ ᠪᠦᠷ ᠣᠷᠣᠭᠰᠢ ᠲᠠᠢ ᠪᠣᠯᠵᠤ ᠬᠤᠪᠢᠷᠠᠯ᠎ᠠ᠃  
       ᠨᠢᠭᠡ ᠯᠡ ᠳᠡᠭᠡᠷ᠎ᠡ ᠬᠣᠶᠠᠷ ᠳᠡᠰ ᠴᠠᠯᠢᠩ᠂ ᠠᠭᠤᠵᠢᠮ ᠶᠡᠬᠡ ᠰᠢᠨ᠎ᠡ ᠣᠷᠣᠨ ᠰᠠᠭᠤᠴᠠ ᠣᠯᠴᠢᠬᠠᠭᠠᠳ ᠪᠠᠰᠠ ᠳᠡᠳ᠋ ᠬᠣᠷᠢᠶᠠᠨ ᠳᠠᠷᠤᠭ᠎ᠠ ᠶ᠋ᠢᠨ ᠲᠤᠰᠢᠶᠠᠯ ᠴᠦ᠍ ᠣᠯᠬᠤ ᠰᠢᠬᠠᠴᠢᠬᠠᠯ᠎ᠠ᠃  ᠡᠳᠡᠭᠡᠷ ᠶᠠᠪᠤᠳᠠᠯ ᠳ᠋ᠤ᠌ ᠬᠥᠮᠦᠰ ᠨᠢᠳᠦ ᠪᠡᠨ ᠰᠡᠵᠢᠭᠯᠡᠨ᠂ ᠴᠢᠬᠢ ᠪᠡᠨ ᠢᠲᠡᠭᠡᠵᠦ ᠶᠠᠳᠠᠮᠠᠷ ᠪᠠᠢᠵᠠᠢ᠃  
       ᠡᠯᠳᠡᠪ ᠪᠤᠰᠤ ᠶ᠋ᠢᠨ ᠲᠠᠭᠠᠮᠠᠭᠯᠠᠯ ᠰᠡᠵᠢᠭᠯᠡᠯ ᠬᠣᠢᠨ᠎ᠠ ᠬᠣᠢᠨ᠎ᠠ ᠠ᠋ᠴᠠ ᠪᠠᠨ ᠦᠷᠭᠦᠯᠵᠢᠯᠡᠬᠦ ᠳ᠋ᠦ᠍᠂ ᠮᠠᠭᠤ ᠰᠠᠨᠠᠭᠠᠨ ᠤ᠋ ᠮᠤᠬᠤᠷ ᠠ᠋ᠴᠠ ᠸᠠᠩ ᠯᠠᠨ ᠬᠤᠸᠠ᠂ ᠦᠵᠡᠰᠬᠦᠯᠡᠩ ᠢ᠋ ᠠᠯᠢ ᠨᠢᠭᠡ ᠥᠩᠭᠡᠨ ᠳ᠋ᠦ᠍ ᠰᠢᠨᠤᠬᠠᠢ ᠨᠣᠶᠠᠨ ᠲᠠᠢ ᠪᠤᠵᠠᠷ ᠠᠷᠠᠯᠵᠢᠶ᠎ᠠ ᠬᠢᠵᠦ ᠢᠩᠭᠢᠵᠦ ᠥᠨᠳᠡᠢᠵᠦ ᠴᠢᠳᠠᠭᠰᠠᠨ ᠪᠣᠯ᠃  ᠦᠭᠡᠢ ᠪᠣᠯ ᠡᠷ᠎ᠡ ᠴᠢᠨᠢ ᠰᠠᠢᠨ ᠬᠡᠷᠡᠭ ᠦ᠋ᠨ ᠡᠰᠡᠷᠭᠦ ᠶᠠᠮᠠᠷ ᠥᠰᠢᠶᠡᠨ ᠳᠦ ᠪᠡᠨ ᠴᠢᠮ᠎ᠠ ᠴᠢᠩᠭᠢᠵᠦ ᠠᠯᠠᠵᠤ ᠨᠢᠲᠤᠯᠤᠮᠠᠷ ᠬᠠᠷᠠᠳᠠᠬᠤ ᠪᠣᠢ? ᠭᠡᠵᠦ ᠬᠠᠷᠢᠶᠠᠨ ᠤᠬᠤᠷᠬᠠᠢᠲᠠᠨ ᠲᠤᠯᠭᠠᠭᠰᠠᠨ ᠳ᠋ᠤ᠌᠂ ᠦᠵᠡᠰᠬᠦᠯᠡᠩ ᠬᠠᠷᠢᠨ ᠠᠭᠤᠷᠯᠠᠭᠰᠠᠨ ᠦᠭᠡᠢ ᠮᠥᠷᠲᠡᠭᠡᠨ ᠬᠠᠳᠠᠭᠠᠨᠠᠲᠠᠯ᠎ᠠ ᠢᠨᠢᠶᠡᠨ᠂ ᠸᠠᠩ ᠯᠠᠨ ᠬᠤᠸᠠ ᠶ᠋ᠢᠨ ᠭᠠᠷ ᠢ᠋ ᠴᠢᠮᠬᠢᠯᠡᠨ ᠲᠡᠭᠦᠨ ᠳ᠋ᠦ᠍ ᠬᠣᠪᠣᠷᠬᠠᠨ ᠲᠣᠬᠢᠶᠠᠯᠳᠤᠬᠤ ᠪᠠᠶᠠᠰᠤᠯ ᠳᠣᠭᠳᠣᠯᠤᠯ ᠤ᠋ᠨ ᠴᠢᠷᠠᠢ ᠭᠠᠷᠭᠠᠨ ᠲᠡᠢᠮᠦ ᠮᠤᠬᠤᠷ ᠦᠭᠡᠢ ᠦᠨ᠎ᠡ ᠳ᠋ᠦ᠍ ᠬᠦᠷᠪᠡᠯ ᠡᠨᠡ ᠡᠬᠡ ᠴᠢᠨᠢ ᠥᠭᠬᠦ ᠪᠡᠷ ᠪᠡᠯᠡᠬᠡᠨ ᠪᠣᠢ ᠭᠡᠮᠡᠨ ᠵᠢᠯᠣᠭᠣ ᠦᠭᠡᠢ ᠬᠥᠭᠡᠷᠴᠦ ᠪᠠᠢᠵᠠᠢ᠃  
       ᠸᠠᠩ ᠯᠠᠨ ᠬᠤᠸᠠ ᠯᠠ ᠢᠲᠡᠭᠡᠬᠦ ᠡᠰᠡᠬᠦ ᠶ᠋ᠢᠨ ᠬᠣᠭᠣᠷᠣᠨᠳᠣ ᠪᠣᠯᠵᠤ᠂ ᠦᠨᠡᠬᠡᠷ ᠲᠡᠢᠮᠦ ᠪᠣᠯ ᠴᠢ ᠮᠠᠭᠤ ᠪᠠᠷ ᠦᠬᠦᠬᠦ ᠪᠣᠢ ᠭᠡᠵᠦ ᠨᠠᠭᠠᠳᠴᠤ ᠲᠣᠭᠯᠠᠵᠤ ᠪᠠᠢᠵᠠᠢ᠃  
       ᠬᠣᠵᠢᠮ ᠨᠢ ᠦᠵᠡᠰᠬᠦᠯᠡᠩ ᠦᠨᠡᠬᠡᠷ ᠡᠷ᠎ᠡ ᠳ᠋ᠡᠭᠡᠨ ᠬᠣᠣᠷᠯᠠᠭᠳᠠᠭᠰᠠᠨ ᠳ᠋ᠤ᠌᠂ ᠬᠡᠳᠦᠢ ᠰᠠᠨᠠᠭᠠᠨ ᠳ᠋ᠤ᠌ ᠦᠭᠡᠢ ᠬᠡᠯᠡᠭᠰᠡᠨ ᠳᠦ ᠪᠡᠨ ᠦᠵᠦᠭᠦᠷ ᠦᠭᠡᠢ ᠭᠣᠮᠣᠳᠠᠭᠰᠠᠨ ᠴᠦ᠍ ᠡᠨᠡ ᠬᠡᠷᠡᠭ ᠦᠨᠡᠨ ᠪᠠᠢᠭᠰᠠᠨ ᠴᠦ᠍ ᠪᠣᠯᠪᠠ ᠤᠤ ᠭᠡᠵᠦ ᠸᠠᠩ ᠯᠠᠨ ᠬᠤᠸᠠ ᠳᠣᠲᠣᠷ᠎ᠠ ᠪᠠᠨ ᠪᠣᠳᠣᠬᠤ ᠪᠣᠯᠵᠠᠢ᠃  ᠦᠭᠡᠢ ᠪᠣᠯ ᠡᠷ᠎ᠡ ᠡᠮ᠎ᠡ ᠶ᠋ᠢᠨ ᠬᠣᠭᠣᠷᠣᠨᠳᠣ ᠢᠩᠭᠢᠵᠦ ᠡᠪᠯᠡᠷᠡᠵᠦ ᠠᠭᠤᠴᠢᠯᠠᠰᠢ ᠥᠬᠡᠢ ᠵᠥᠷᠢᠴᠡᠯ ᠮᠥᠷᠭᠥᠯᠳᠦᠭᠡᠨ ᠡᠭᠦᠰᠬᠦ ᠰᠢᠯᠲᠠᠭᠠᠨ ᠶᠠᠭᠤ ᠪᠠᠢᠬᠤ ᠪᠢᠯᠡ? ᠦᠵᠡᠰᠬᠦᠯᠡᠩ ᠡᠷ᠎ᠡ ᠳᠦ ᠪᠡᠨ ᠪᠠᠢᠨ ᠳᠠᠬᠢᠭᠠᠳ ᠴᠣᠬᠢᠭᠳᠠᠭᠰᠠᠨ ᠴᠦ᠍ ᠨᠢᠭᠤᠷ ᠨᠢᠳᠦᠨ ᠡᠴᠡ ᠨᠢ ᠰᠡᠳᠬᠢᠯ ᠬᠠᠨᠤᠭᠰᠠᠨ ᠪᠠᠢᠳᠠᠯ ᠢᠯᠡᠷᠡᠭᠡᠳ ᠪᠠᠢᠳᠠᠭ ᠢ᠋ ᠨᠢ ᠸᠠᠩ ᠯᠠᠨ ᠬᠤᠸᠠ ᠶᠡᠬᠡ ᠭᠠᠢᠬᠠᠳᠠᠭ᠃  
       ᠠᠯᠠᠭᠳᠠᠬᠤ ᠶ᠋ᠢᠨ ᠢ᠋ᠶ᠋ᠡᠨ ᠡᠮᠦᠨᠡᠬᠡᠨ ᠲᠡᠷᠡ ᠸᠠᠩ ᠯᠠᠨ ᠬᠤᠸᠠ ᠶ᠋ᠢᠨ ᠳ᠋ᠦ᠍ ᠢᠷᠡᠵᠦ ᠪᠣᠭᠴᠣ ᠠ᠋ᠴᠠ ᠪᠠᠨ ᠬᠡᠪᠯᠡᠯ ᠦ᠋ᠨ ᠳ᠋ᠤᠭᠠᠷ ᠨᠢ ᠴᠤ᠋ ᠰᠢᠨ᠎ᠡ ᠨᠠᠢ᠍ᠮᠠᠨ ᠵᠠᠭᠤᠨ ᠲᠥᠭᠥᠷᠢᠭ ᠭᠠᠷᠭᠠᠨ ᠵᠢᠭᠡᠯᠡᠪᠦᠷᠢ ᠪᠡᠨ ᠪᠤᠴᠠᠭᠠᠪᠠ᠃  
      《ᠨᠠᠳᠠ ᠰᠣᠬᠣᠷ ᠵᠣᠭᠣᠰ ᠪᠤᠴᠠᠭᠠᠬᠤ ᠬᠡᠷᠡᠭ ᠦᠭᠡᠢ᠂ ᠴᠢ ᠮᠢᠨᠦ ᠬᠦᠦ ᠶ᠋ᠢᠨ ᠤᠴᠢᠷ ᠢ᠋ᠶ᠋ᠠᠷ ᠲᠥᠯᠥᠪᠦᠷᠢ ᠳ᠋ᠦ᠍ ᠤᠨᠠᠭᠰᠠᠨ ᠶᠤᠮ ᠴᠢᠨᠢ᠂ ᠪᠢ ᠲᠥᠯᠥᠶ᠎ᠡ᠃ ᠴᠢ ᠡᠨᠡ ᠵᠣᠭᠣᠰ ᠢ᠋ ᠵᠢᠭᠡᠯᠡᠭᠰᠡᠨ ᠡᠵᠡᠨ ᠳᠦ ᠪᠡᠨ ᠪᠤᠴᠠᠭ᠎ᠠ》 ᠭᠡᠵᠦ ᠸᠠᠩ ᠯᠠᠨ ᠬᠤᠸᠠ ᠦᠨᠡᠨ ᠰᠠᠨᠠᠭᠠᠨ ᠠ᠋ᠴᠠ ᠪᠠᠨ ᠲᠦᠯᠬᠢᠵᠡᠢ᠃ 
       ᠦᠵᠡᠰᠬᠦᠯᠡᠩ ᠬᠠᠷᠢᠨ 《ᠪᠢ ᠬᠥᠮᠦᠨ ᠡᠴᠡ ᠰᠣᠬᠣᠷ ᠵᠣᠭᠣᠰ ᠴᠦ᠍ ᠵᠢᠭᠡᠯᠡᠭᠡ ᠦᠭᠡᠢ᠃  ᠪᠢ ᠣᠳᠣ ᠪᠠᠶᠠᠵᠢᠭᠰᠠᠨ᠂ ᠥᠩᠭᠡᠷᠡᠭᠰᠡᠨ ᠦ᠌ ᠰᠦᠢᠳᠦᠯ ᠪᠦᠬᠦᠨ ᠢ᠋ᠶ᠋ᠡᠨ ᠲᠥᠯᠥᠵᠦ ᠠᠪᠤᠭᠰᠠᠨ ᠶᠤᠮ᠃  ᠬᠣᠵᠢᠮ ᠵᠣᠭᠣᠰ ᠢ᠋ᠶ᠋ᠠᠷ ᠭᠠᠴᠢᠭᠳᠠᠪᠠᠯ ᠨᠠᠳᠠ ᠠ᠋ᠴᠠ ᠠᠪ᠃ ᠪᠢ ᠵᠦᠭᠡᠷ ᠥᠭᠭᠦᠶ᠎ᠡ᠃  ᠬᠦᠴᠢᠷᠳᠡᠬᠦ ᠦᠶ᠎ᠡ ᠳ᠋ᠦ᠍ ᠳᠡᠮᠵᠢᠭᠰᠡᠨ ᠨᠠᠢᠵᠠ ᠴᠢᠮ᠎ᠠ ᠪᠠᠨ ᠪᠢ ᠬᠡᠵᠢᠶ᠎ᠡ ᠴᠦ᠍ ᠮᠠᠷᠲᠠᠬᠤ ᠦᠭᠡᠢ ᠰᠢᠦ》 ᠭᠡᠳ ᠬᠢᠳ ᠬᠢᠳ ᠢᠨᠢᠶᠡᠭᠰᠡᠨ ᠨᠢ ᠣᠭᠲᠣ ᠬᠤᠳᠠᠯ ᠢᠨᠢᠶᠡᠳᠦ ᠪᠢᠰᠢ᠂ ᠬᠠᠷᠢᠨ ᠰᠡᠳᠬᠢᠯ ᠦ᠋ᠨ ᠤᠭ ᠠ᠋ᠴᠠ ᠨᠢ ᠣᠨᠳᠣᠷᠴᠤ ᠭᠠᠷᠤᠭᠰᠠᠨ ᠦᠨᠡᠨ ᠢᠨᠢᠶᠡᠳᠦ ᠪᠠᠢᠵᠠᠢ᠃ 
       ᠸᠠᠩ ᠯᠠᠨ ᠬᠤᠸᠠ ᠭᠠᠢᠬᠠᠵᠤ ᠰᠣᠴᠢᠬᠤ ᠬᠣᠣᠰᠯᠠᠨ ᠥᠭᠭᠦᠭᠰᠡᠨ ᠵᠣᠭᠣᠰ ᠢ᠋ ᠨᠢ ᠬᠦᠴᠦᠯᠡᠨ ᠲᠦᠯᠬᠢᠬᠦ ᠶ᠋ᠢᠨ ᠳᠠᠭᠠᠤ᠂ 《ᠠᠯᠢ ᠨᠢᠭᠡ ᠡᠷ᠎ᠡ ᠬᠦᠢᠰᠦᠲᠡᠨ ᠶᠠᠮᠠᠷ ᠳᠤᠷ᠎ᠠ ᠳᠤ ᠪᠠᠨ ᠥᠭᠭᠦᠭᠰᠡᠨ ᠵᠣᠭᠣᠰ ᠪᠣᠯ? ᠡᠨᠡ ᠡᠳᠦᠷ ᠦᠨᠡᠨ ᠢ᠋ᠶ᠋ᠡᠨ ᠬᠡᠯᠡᠬᠦ ᠦᠭᠡᠢ ᠪᠣᠯ ᠪᠢ ᠠᠪᠬᠤ ᠦᠭᠡᠢ》 ᠭᠡᠵᠦ ᠲᠣᠭᠯᠠᠭᠠᠮ ᠦᠨᠡᠨ ᠦ᠌ ᠬᠣᠭᠣᠷᠣᠨᠳᠣ ᠬᠡᠯᠡᠵᠦ᠂ ᠴᠠᠭᠠᠳᠤᠬᠢ ᠦᠨᠡᠨ ᠢ᠋ ᠨᠢ ᠠᠭᠤᠳᠠᠯᠠᠬᠤ ᠪᠠᠷ ᠣᠷᠣᠯᠳᠣᠪᠠ᠃  
       ᠦᠵᠡᠰᠬᠦᠯᠡᠩ ᠡᠰᠡ ᠮᠡᠳᠡᠭᠴᠢ ᠪᠡᠷ᠂ 《ᠴᠢ ᠨᠠᠮ᠎ᠠ ᠶᠢ ᠪᠠᠨ ᠢᠲᠡᠭᠡᠬᠦ ᠪᠠᠢᠯᠭᠦᠢ᠃ ᠠᠷᠠᠢ ᠲᠡᠢᠮᠦ ᠠᠷᠠᠯᠵᠢᠶ᠎ᠠ ᠬᠤᠳᠠᠯᠳᠤᠭ᠎ᠠ ᠬᠢᠵᠦ ᠦᠵᠡᠭᠡᠳᠦᠢ ᠰᠢᠦ》 ᠭᠡᠵᠦ ᠭᠡᠨᠡᠨ ᠴᠠᠭᠠᠨ ᠰᠠᠨᠠᠭᠠᠨ ᠠ᠋ᠴᠠ ᠪᠠᠨ ᠬᠡᠯᠡᠭᠡᠳ ᠭᠠᠷᠴᠤ ᠶᠠᠪᠤᠵᠠᠢ᠃ 
       ᠡᠳᠡᠭᠡᠷ ᠬᠡᠷᠡᠭ ᠦ᠋ᠳ ᠤᠳᠠᠭᠠᠨ ᠡᠳᠦᠷ ᠦ᠋ᠨ ᠲᠤᠷᠰᠢ᠂ ᠸᠠᠩ ᠯᠠᠨ ᠬᠤᠸᠠ ᠶ᠋ᠢᠨ ᠰᠡᠳᠬᠢᠯ ᠳ᠋ᠦ᠍ᠨᠢ ᠣᠨᠢᠰᠣᠭ᠎ᠠ ᠪᠣᠯᠤᠨ ᠵᠠᠩᠭᠢᠷᠠᠭᠰᠠᠭᠠᠷ ᠪᠠᠢᠵᠠᠢ᠃ ᠥᠪᠡᠷ ᠦ᠋ᠨ ᠲᠠᠭᠠᠮᠠᠭᠯᠠᠯ ᠢ᠋ᠶ᠋ᠠᠨ ᠦᠨᠡᠨ ᠭᠡᠮᠡᠨ ᠦᠷᠭᠦᠯᠵᠢ ᠪᠣᠳᠣᠳᠠᠭ ᠴᠦ᠍ ᠥᠭᠡᠷ᠎ᠡ ᠬᠥᠮᠦᠨ ᠳ᠋ᠦ᠍ ᠦᠵᠦᠭᠦᠷ ᠪᠤᠯᠲᠠᠢᠯᠭᠠᠭᠰᠠᠨ ᠦᠭᠡᠢ ᠥᠨᠥᠳᠥᠷ ᠬᠦᠷᠴᠡᠢ᠃  
       ᠪᠤᠷᠤᠭᠤ ᠵᠠᠮᠨᠠᠭᠰᠠᠨ ᠨᠠᠢᠵᠠ ᠶ᠋ᠢᠨ ᠢ᠋ᠶ᠋ᠡᠨ ᠬᠣᠢᠨ᠎ᠠ ᠠ᠋ᠴᠠ ᠲᠡᠷᠡ ᠦᠷᠭᠦᠯᠵᠢ ᠬᠠᠷᠠᠮᠰᠠᠨ ᠵᠣᠪᠠᠳᠠᠭ ᠪᠣᠯᠪᠠᠴᠤ ᠡᠨᠡᠬᠡᠨ ᠤᠴᠢᠷ ᠳᠡᠭᠡᠷ᠎ᠡ ᠠᠮᠢ ᠶ᠋ᠢ ᠨᠢ ᠠᠪᠬᠤ ᠭᠡᠭᠴᠢ ᠳᠡ ᠭᠡᠵᠦ ᠪᠣᠳᠣᠬᠤ ᠠ᠋ᠴᠠ ᠪᠣᠯᠤᠷᠴᠠᠭᠠᠨ ᠢ᠋ ᠴᠠᠭᠠᠨ᠎ᠠ ᠠ᠋ᠴᠠ ᠪᠠᠨ ᠵᠢᠭᠰᠢᠨ ᠵᠠᠨᠤᠳᠠᠭ ᠠᠵᠢ᠃  
       ᠢᠩᠭᠢᠬᠦᠯᠡᠷ ᠬᠢᠯᠢᠰ ᠬᠠᠰᠬᠢᠷᠤᠨ ᠠᠮᠢᠳᠤ ᠶᠠᠪᠤᠬᠤ ᠶ᠋ᠢ ᠭᠣᠷᠢᠳᠠᠭᠰᠠᠨ ᠪᠣᠯᠤᠷᠴᠠᠭᠠᠨ ᠢ᠋ ᠪᠣᠳᠣᠬᠤ ᠲᠣᠰᠤᠮ ᠬᠣᠷᠣᠰᠬᠤ ᠶ᠋ᠢᠨ ᠲᠤᠢᠯ ᠪᠣᠯᠬᠤ ᠳᠤ ᠪᠠᠨ ᠡᠨᠡ ᠰᠢᠷ᠎ᠠ ᠴᠢᠷᠠᠢᠲᠠᠢ ᠬᠠᠤᠯᠢ ᠶ᠋ᠢᠨ ᠳᠠᠷᠤᠭ᠎ᠠ ᠳ᠋ᠤ᠌ ᠴᠡᠭᠡᠵᠢᠨ ᠳ᠋ᠡᠬᠢ ᠦᠭᠡ ᠪᠡᠨ ᠢᠩᠭᠢᠵᠦ ᠢᠷᠣᠭᠠᠷ ᠢ᠋ᠶ᠋ᠠᠷ ᠨᠢ ᠠᠭᠤᠳᠠᠯᠤᠨ ᠰᠣᠨᠣᠰᠬᠠᠵᠠᠢ᠃ 
       ᠲᠦᠪᠰᠢᠨ᠂ ᠸᠠᠩ ᠯᠠᠨ ᠬᠤᠸᠠ ᠶ᠋ᠢᠨ ᠬᠢ ᠡᠴᠡ ᠶᠠᠪᠤᠬᠤ ᠠ᠋ᠴᠠ ᠪᠠᠨ ᠡᠮᠦᠨ᠎ᠡ᠄ 
       — ᠲᠠ ᠨᠢᠭᠡ ᠬᠡᠦᠬᠡᠳ ᠲᠡᠢ ᠭᠡᠳᠡᠭ ᠪᠢᠰᠢ ᠪᠢᠯᠡ ᠤᠤ? ᠬᠠᠮᠢᠭ᠎ᠠ ᠰᠤᠷᠤᠯᠴᠠᠵᠤ ᠪᠠᠢᠬᠤ ᠪᠣᠢ? ᠭᠡᠵᠦ ᠠᠰᠠᠭᠤᠯ᠎ᠠ᠃ 
       — ᠲᠡᠢᠮᠦ ᠠ᠋᠂ ᠪᠢ ᠬᠡᠦᠬᠡᠳ ᠲᠡᠢ᠃ ᠬᠣᠲᠠ ᠶ᠋ᠢᠨ ᠠᠷᠪᠠᠨ ᠳᠥᠷᠪᠡᠳᠦᠭᠡᠷ ᠳᠤᠮᠳᠠᠳᠤ ᠰᠤᠷᠭᠠᠭᠤᠯᠢ ᠳ᠋ᠤ᠌ ᠰᠤᠷᠤᠯᠴᠠᠵᠤ ᠪᠠᠢᠨ᠎ᠠ᠃ 
       — ᠪᠢᠳᠡ ᠲᠠᠨ ᠤ᠋ ᠳ᠋ᠤ᠌ ᠬᠣᠶᠠᠷ ᠤᠳᠠᠭ᠎ᠠ ᠢᠷᠡᠬᠦ ᠳ᠋ᠦ᠍ ᠶᠡᠷᠦ ᠬᠠᠷᠠᠭᠳᠠᠭᠰᠠᠨ ᠦᠭᠡᠢ ᠰᠢᠲᠠ᠃ 
       — ᠲᠡᠷᠡ ᠰᠤᠷᠭᠠᠭᠤᠯᠢ ᠳᠤ ᠪᠠᠨ ᠰᠠᠭᠤᠵᠤ ᠪᠠᠢᠨ᠎ᠠ᠃ ᠭᠠᠷᠠᠭ ᠤ᠋ᠨ ᠵᠢᠷᠭᠤᠭᠠᠨ ᠳᠤ ᠪᠠᠨ ᠬᠠᠷᠢᠵᠤ ᠢᠷᠡᠳᠡᠭ᠃ ᠲᠡᠭᠡᠭᠡᠳ ᠪᠠᠰᠠ ᠵᠠᠷᠢᠮ ᠳᠤ ᠪᠠᠨ ᠠᠪᠤ ᠶ᠋ᠢᠨ ᠢ᠋ᠶ᠋ᠡᠨ ᠲᠡᠨᠳᠡ ᠣᠴᠢᠴᠢᠬᠠᠳᠠᠭ᠃ ᠵᠠᠷᠢᠮ ᠳᠤ ᠪᠠᠨ ᠮᠢᠨᠦ ᠡᠨᠳᠡ ᠢᠷᠡᠳᠡᠭ ᠶᠦᠮ᠃ 
       — ᠦ᠂ ᠲᠠ ᠴᠢᠨᠢ ᠤᠷᠤᠭ᠁ ᠠ᠂ ᠵᠠ ᠪᠢ ᠲᠠᠨ ᠠ᠋ᠴᠠ ᠵᠠᠷᠢᠮ ᠶᠠᠭᠤᠮ᠎ᠠ ᠶ᠋ᠢ ᠪᠠᠬᠠᠨ ᠬᠠᠯᠲᠤ ᠮᠥᠯᠲᠥ ᠠᠰᠠᠭᠤᠴᠢᠬᠠᠯ᠎ᠠ᠃ ᠲᠤᠩ ᠮᠠᠭᠤᠬᠠᠢ ᠪᠣᠯᠤᠯ᠎ᠠ᠃ 
       — ᠬᠠᠮᠢᠶ᠎ᠠ ᠦᠭᠡᠢ᠂ ᠬᠠᠮᠢᠶ᠎ᠠ ᠦᠭᠡᠢ ᠭᠡᠵᠦ ᠸᠠᠩ ᠯᠠᠨ ᠬᠤᠸᠠ ᠠᠵᠢᠭ ᠴᠦ᠍ ᠦᠭᠡᠢ ᠶᠠᠷᠢᠪᠠ᠃ 
       — ᠬᠣᠵᠢᠮ ᠤᠴᠢᠷ ᠲᠠᠢ ᠪᠣᠯ ᠪᠢᠳᠡ ᠪᠠᠰᠠ ᠢᠷᠡᠵᠦ ᠲᠠᠨ ᠤ᠋ ᠴᠠᠭ ᠢ᠋ ᠰᠠᠭᠠᠲᠠᠭᠠᠬᠤ ᠮᠠᠭᠠᠳ ᠦᠭᠡᠢ ᠭᠡᠵᠦ ᠬᠣᠵᠢᠮ ᠤ᠋ᠨ ᠵᠠᠮ ᠢ᠋ᠶ᠋ᠠᠨ ᠵᠠᠰᠠᠵᠤ ᠲᠠᠯᠪᠢᠭᠠᠳ ᠲᠦᠪᠰᠢᠨ ᠭᠤᠸᠠᠢ ᠬᠥᠬᠡᠲᠤᠯᠢ ᠲᠠᠢ ᠪᠠᠨ ᠬᠠᠮᠲᠤ ᠲᠡᠨᠳᠡ ᠡᠴᠡ ᠭᠠᠷᠴᠤ ᠶᠠᠪᠤᠯ᠎ᠠ᠃ 

           ᠤᠩᠰᠢᠭᠰᠠᠨ ᠨᠢ ᠄ ᠴᠡᠴᠡᠭᠮ᠎ᠡ