ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠨᠠᠢ᠍ᠮᠠ> Хялгасан дөрөөн дээр – Хасвулаг зохиов <8>
ᠬᠢᠯᠭᠠᠰᠤᠨ ᠳᠥᠷᠥᠭᠡᠨ ᠳᠡᠭᠡᠷ᠎ᠡ - <ᠨᠠᠢ᠍ᠮᠠ>
ᠭᠠᠵᠠᠷ ᠤ᠋ᠨ ᠵᠢᠭᠤᠷᠠᠭᠠᠨ ᠳ᠋ᠤ᠌ ᠤᠷᠪᠠᠯᠭ᠎ᠠ ᠡᠭᠦᠰᠴᠦ᠂ ᠡᠮ᠎ᠡ ᠶ᠋ᠢᠨ ᠶᠠᠪᠤᠳᠠᠯ ᠳ᠋ᠤ᠌ ᠠᠮᠢᠨ ᠬᠡᠷᠡᠭ ᠭᠠᠷᠳᠠᠭ ᠦᠯᠢᠭᠡᠷ ᠳᠣᠮᠣᠭ ᠠᠯᠢ ᠡᠷᠲᠡᠨ ᠡᠴᠡ ᠪᠠᠢᠳᠠᠭ᠃
ᠤᠷᠤᠭ ᠤ᠋ᠨ ᠶᠠᠪᠤᠳᠠᠯ ᠰᠠᠢᠨ ᠳᠤᠷ᠎ᠠ ᠠ᠋ᠴᠠ ᠪᠠᠨ ᠪᠣᠯᠤᠭᠰᠠᠨ ᠥᠨᠥᠳᠥᠷ ᠦ᠋ᠨ ᠬᠤᠪᠢ ᠳ᠋ᠤ᠌ ᠴᠦ᠍ ᠡᠨᠡ ᠦᠭᠡ ᠦᠨᠡᠮᠰᠢᠭᠦᠯᠬᠦ ᠬᠦᠴᠦ ᠪᠡᠨ ᠠᠯᠳᠠᠭᠠᠳᠤᠢ ᠪᠠᠢᠨ᠎ᠠ᠃ ᠬᠠᠤᠯᠢ ᠶ᠋ᠢᠨ ᠪᠠᠢᠴᠠᠭᠠᠯᠲᠠ ᠳᠤᠮᠳᠠ ᠡᠮᠡᠰ ᠥᠬᠢᠳ ᠤᠷᠤᠭ ᠲᠥᠷᠥᠯ ᠦ᠋ᠨ ᠤᠷᠰᠢᠭ ᠢ᠋ᠶ᠋ᠠᠷ ᠡᠭᠦᠰᠦᠭᠰᠡᠨ ᠠᠮᠢᠨ ᠬᠡᠷᠡᠭ ᠠᠶᠤᠮᠠᠷ ᠥᠨᠳᠥᠷ ᠨᠣᠷᠮ᠎ᠠ ᠲᠠᠢ ᠪᠠᠢᠳᠠᠭ ᠢ᠋ᠶ᠋ᠠᠷ ᠰᠢᠭᠦᠭᠴᠢ ᠨᠠᠷ ᠤ᠋ᠨ ᠰᠡᠳᠬᠢᠴᠡ ᠶ᠋ᠢᠨ ᠭᠦᠨ ᠳ᠋ᠦ᠍ ᠡᠢᠮᠦ ᠲᠠᠯ᠎ᠠ ᠳ᠋ᠤ᠌ ᠬᠣᠯᠪᠣᠭᠳᠠᠭᠤᠯᠬᠤ ᠰᠡᠵᠢᠭᠯᠡᠯ ᠮᠠᠰᠢ ᠠᠷᠪᠢᠨ ᠪᠠᠢᠳᠠᠭ᠃
ᠪᠣᠯᠤᠷᠴᠠᠭᠠᠨ ᠤ᠋ ᠡᠬᠡᠨᠡᠷ ᠢ᠋ᠶ᠋ᠡᠨ ᠠᠯᠠᠭᠰᠠᠨ ᠬᠡᠷᠡᠭ ᠦ᠋ᠨ ᠡᠪᠬᠡᠮᠡᠯ᠂ ᠲᠦᠪᠰᠢᠨ ᠦ᠌ ᠰᠢᠷᠡᠭᠡᠨ ᠳᠡᠭᠡᠷ᠎ᠡ ᠠᠩᠬ᠎ᠠ ᠲᠠᠯᠪᠢᠭᠳᠠᠬᠤ ᠦᠶ᠎ᠡ ᠳ᠋ᠦ᠍᠂ ᠡᠨᠡ ᠳᠠᠮᠰᠢᠭ ᠥᠭᠡᠷ᠎ᠡ ᠨᠢᠭᠡ ᠡᠮ᠎ᠡ ᠲᠡᠢ ᠬᠠᠷᠢᠴᠠᠭ᠎ᠠ ᠲᠠᠢ ᠪᠠᠢᠭᠰᠠᠨ ᠠ᠋ᠴᠠ ᠪᠣᠯᠪᠠ ᠤᠤ ᠭᠡᠵᠦ ᠥᠪᠡᠷ ᠦ᠋ᠨ ᠡᠷᠬᠡ ᠦᠭᠡᠢ ᠪᠣᠳᠣᠵᠤ ᠠᠮᠵᠢᠵᠠᠢ᠃
ᠲᠦᠪᠰᠢᠨ ᠦ᠌ ᠡᠨᠡ ᠪᠣᠳᠣᠯ᠂ ᠬᠣᠵᠢᠮ ᠨᠢ ᠴᠦ᠍ ᠥᠷᠭᠡᠵᠢᠨ ᠨᠡᠮᠡᠭᠳᠡᠭᠰᠡᠭᠡᠷ ᠪᠠᠢᠪᠠ᠃
ᠦᠵᠡᠰᠬᠦᠯᠡᠩ ᠦ᠋ᠨ ᠬᠣᠣᠷᠳᠠᠭᠳᠠᠭᠰᠠᠨ ᠠᠯᠢ ᠣᠯᠠᠨ ᠦᠵᠡᠭᠳᠡᠯ᠂ ᠣᠷᠴᠢᠨ ᠠᠬᠤᠢ ᠠ᠋ᠴᠠ ᠪᠣᠯᠤᠷᠴᠠᠭᠠᠨ ᠰᠠᠨᠠᠭᠠᠴᠢᠯᠠᠭ᠎ᠠ ᠲᠠᠢ᠂ ᠲᠥᠯᠥᠪᠯᠡᠭᠡ ᠲᠡᠢ ᠠᠷᠭ᠎ᠠ ᠬᠡᠯᠪᠡᠷᠢ ᠪᠡᠷ ᠬᠥᠮᠦᠨ ᠠᠯᠠᠭᠰᠠᠨ ᠢ᠋ ᠪᠠᠲᠤᠯᠠᠵᠤ ᠪᠣᠯᠬᠤ ᠶᠤᠮ᠃ ᠪᠣᠯᠤᠷᠴᠠᠭᠠᠨ ᠵᠥᠪᠬᠡᠨ ᠦᠷ᠎ᠡ ᠦᠨᠳᠦᠰᠦ ᠲᠠᠰᠤᠷᠠᠬᠤ ᠶᠠᠪᠤᠳᠠᠯ ᠭᠠᠷᠤᠭᠰᠠᠨ ᠠ᠋ᠴᠠ ᠢᠩᠭᠢᠵᠦ ᠬᠢᠯ᠎ᠡ ᠭᠡᠬᠦ ᠨᠢ ᠬᠥᠮᠦᠨ ᠢ᠋ ᠢᠲᠡᠭᠡᠭᠦᠯᠬᠦ ᠬᠦᠴᠦᠨ ᠢ᠋ᠶ᠋ᠡᠷ ᠠᠨᠠᠢᠬᠠᠨ ᠰᠢᠭ᠋᠃ ᠬᠡᠷᠪᠡ ᠭᠠᠭᠴᠠᠬᠠᠨ ᠡᠨᠡ ᠬᠦ᠌ ᠠᠰᠢᠭ ᠬᠣᠣᠷ ᠤ᠋ᠨ ᠤᠴᠢᠷ ᠠ᠋ᠴᠠ ᠪᠣᠯᠤᠭᠰᠠᠨ ᠪᠣᠯ ᠤᠷᠤᠭ ᠰᠠᠯᠬᠤ ᠪᠠᠷ ᠰᠢᠭᠤᠳᠤᠭᠰᠠᠨ ᠴᠦ᠍ ᠦᠵᠡᠰᠬᠦᠯᠡᠩ ᠲᠡᠢᠮᠦ ᠤᠬᠠᠭ᠎ᠠ ᠦᠭᠡᠢ ᠦᠬᠦᠨ ᠵᠢᠭᠤᠷᠠᠯᠳᠤᠮᠠᠷ ᠡᠮᠡᠭᠲᠡᠢ ᠪᠢᠰᠢ ᠶᠦᠮ ᠴᠢᠨᠢ ᠵᠠᠪᠠᠯ ᠬᠡᠷᠴᠡᠭᠡᠢ ᠪᠠᠯᠠᠮᠠᠳ ᠢ᠋ᠶ᠋ᠠᠷ ᠡᠬᠡᠨᠡᠷ ᠢ᠋ᠶ᠋ᠡᠨ ᠠᠯᠠᠬᠤ ᠨᠢ ᠦᠨᠡᠨ ᠳ᠋ᠡᠭᠡᠨ ᠥᠪᠡᠷ ᠦ᠋ᠨ ᠪᠡᠶ᠎ᠡ ᠪᠡᠨ ᠦᠭᠡᠢᠬᠢᠵᠦ ᠪᠠᠢᠬᠤ ᠬᠡᠷᠡᠭ ᠪᠢᠰᠢ ᠤᠤ?
ᠪᠣᠯᠤᠷᠴᠠᠭᠠᠨ ᠨᠠᠭᠠᠳᠤ ᠵᠠᠬ᠎ᠠ ᠳᠤ ᠪᠠᠨ ᠡᠢᠮᠦ ᠬᠡᠷᠡᠭ ᠦ᠋ᠨ ᠠᠰᠢᠭ ᠬᠣᠣᠷ ᠤ᠋ᠨ ᠦᠷ᠎ᠡ ᠳ᠋ᠦᠩ ᠶᠠᠮᠠᠷ ᠪᠣᠯᠬᠤ ᠭᠡᠭᠴᠢ ᠶ᠋ᠢ ᠨᠡᠪᠲᠡᠷᠡᠲᠡᠯ᠎ᠡ ᠣᠢᠯᠠᠭᠠᠬᠤ ᠶᠣᠰᠣᠲᠠᠢ ᠯᠠ ᠶᠤᠮ᠃
ᠬᠥᠮᠦᠨ ᠭᠡᠭᠴᠢ ᠨᠢᠭᠡ ᠴᠠᠭ ᠤ᠋ᠨ ᠠᠭᠤᠷ ᠤ᠋ᠨ ᠮᠤᠩᠬᠠᠭ ᠢ᠋ᠶ᠋ᠠᠷ ᠬᠥᠮᠦᠨ ᠠᠯᠠᠵᠤ ᠮᠡᠳᠡᠬᠦ ᠶᠦᠮ᠃ ᠲᠡᠭᠡᠬᠦ ᠪᠡᠷ ᠪᠣᠳᠣᠬᠤ ᠳ᠋ᠤ᠌ ᠲᠡᠷᠡ ᠶᠠᠭᠠᠬᠢᠭᠠᠳ ᠡᠬᠢᠨ ᠳᠦ ᠪᠡᠨ ᠶᠠᠯ᠎ᠠ ᠪᠠᠨ ᠵᠥᠪᠰᠢᠶᠡᠷᠡᠬᠦ ᠦᠭᠡᠢ ᠪᠠᠢᠵᠤ᠂ ᠵᠠᠩᠭᠢᠯᠠᠭ᠎ᠠ ᠶ᠋ᠢᠨ ᠦᠶ᠎ᠡ ᠳ᠋ᠦ᠍ ᠬᠢᠯᠢᠰ ᠬᠠᠰᠬᠢᠷᠤᠭᠰᠠᠨ ᠪᠣᠢ? ᠡᠭᠦᠨ ᠦ᠌ ᠠᠷᠤ ᠳ᠋ᠤ᠌ ᠶᠠᠮᠠᠷ ᠨᠢᠭᠡᠨ ᠡᠭᠡᠳᠡᠷᠡᠭᠡᠨ ᠦᠭᠡᠢ ᠭᠡᠵᠢ ᠤᠤ? ᠲᠦᠪᠰᠢᠨ ᠭᠤᠸᠠᠢ ᠤᠳᠠᠭᠠᠨ ᠡᠳᠦᠷ ᠵᠤᠵᠠᠭᠠᠨ ᠬᠣᠨᠣᠭ ᠤ᠋ᠨ ᠲᠤᠷᠰᠢᠲᠠ ᠢᠩᠭᠢᠵᠦ ᠡᠯᠳᠡᠪᠴᠢᠯᠡᠨ ᠪᠣᠳᠣᠵᠤ ᠶᠠᠪᠤᠬᠤ ᠳᠤ ᠪᠠᠨ ᠰᠥᠨᠢ ᠶ᠋ᠢᠨ ᠨᠣᠢᠷ ᠢ᠋ᠶ᠋ᠠᠨ ᠣᠯᠠᠨᠲᠠ ᠭᠠᠷᠤᠵᠠᠳᠠᠭᠤᠯᠤᠭᠰᠠᠨ ᠪᠠᠢᠯ᠎ᠠ᠃
ᠰᠠᠨᠠᠭᠠᠨ ᠠ᠋ᠴᠠ ᠭᠠᠳᠠᠨ᠎ᠠ᠂ ᠡᠮᠦᠨ᠎ᠡ ᠬᠣᠶᠠᠷ ᠡᠳᠦᠷ ᠲᠡᠷᠡ ᠪᠠᠢᠴᠠᠭᠠᠬᠤ ᠬᠣᠷᠢᠶᠠᠨ ᠤ᠋ ᠨᠢᠭᠡ ᠵᠠᠯᠠᠭᠤ ᠬᠠᠪᠰᠤᠷᠤᠭᠴᠢ ᠪᠣᠯᠤᠷᠴᠠᠭᠠᠨ ᠤ᠋ ᠬᠡᠷᠡᠭ ᠢ᠋ ᠭᠠᠷᠳᠠᠨ ᠪᠠᠢᠴᠠᠭᠠᠵᠤ ᠪᠠᠢᠬᠤ ᠳᠤ ᠪᠠᠨ ᠬᠢᠭᠰᠡᠨ ᠬᠣᠶᠠᠷ ᠬᠤᠪᠢ ᠡᠳᠦᠷ ᠦ᠋ᠨ ᠲᠡᠮᠳᠡᠭᠯᠡᠯ ᠢ᠋ ᠣᠯᠵᠤ ᠦᠵᠡᠭᠡᠳ ᠶᠡᠬᠡ ᠰᠣᠨᠢᠷᠬᠠᠵᠠᠢ᠃
ᠲᠡᠮᠳᠡᠭᠯᠡᠯ ᠳ᠋ᠡᠬᠢ ᠡᠨᠡ ᠬᠣᠶᠠᠷ ᠬᠡᠷᠡᠭ ᠨᠢ ᠭᠡᠷᠡᠴᠢ ᠪᠠᠷᠢᠮᠲᠠ ᠪᠠᠷ ᠲᠣᠳᠣᠷᠬᠠᠢᠯᠠᠭᠳᠠᠭᠰᠠᠨ ᠦᠭᠡᠢ ᠲᠤᠯᠠ ᠡᠪᠬᠡᠮᠡᠯ ᠳ᠋ᠦ᠍ ᠣᠷᠣᠭᠰᠠᠨ ᠦᠭᠡᠢ ᠪᠠᠢᠨ᠎ᠠ᠃
ᠣᠷᠴᠢᠮ ᠤ᠋ᠨ ᠬᠣᠶᠠᠷ ᠵᠢᠯ ᠪᠣᠯᠤᠷᠴᠠᠭᠠᠨ ᠡᠮᠨᠡᠯᠭᠡ ᠶ᠋ᠢᠨ ᠬᠣᠷᠢᠶᠠᠨ ᠤ᠋ ᠪᠠᠨ ᠡᠮ ᠲᠣᠬᠢᠷᠠᠭᠤᠯᠤᠭᠴᠢ ᠡᠮᠡᠭᠲᠡᠢ ᠲᠡᠢ ᠰᠦᠷᠡᠬᠡᠢ ᠨᠠᠭᠠᠯᠳᠤᠬᠤ ᠰᠢᠭ᠋ ᠪᠠᠢᠭᠰᠠᠨ ᠭᠡᠵᠦ ᠬᠠᠮᠲᠤ ᠠᠵᠢᠯᠯᠠᠭᠴᠢ ᠨᠢ ᠲᠤᠰᠬᠠᠵᠠᠢ᠃ ᠡᠨᠡ ᠬᠣᠶᠠᠷ ᠠᠵᠢᠯ ᠰᠡᠯᠡᠭᠦᠦ ᠡᠳᠦᠷ ᠪᠣᠯᠤᠩᠭᠤᠲᠠ ᠠᠯᠪᠠᠨ ᠭᠡᠷ ᠦ᠋ᠨ ᠡᠭᠦᠳᠡ ᠪᠡᠨ ᠵᠠᠪᠰᠠᠷ ᠦᠭᠡᠢ ᠳᠠᠷᠤᠭᠠᠳ ᠲᠤᠯᠤᠯᠴᠠᠨ ᠰᠠᠭᠤᠵᠤ ᠤᠳᠠᠲᠠᠯ᠎ᠠ ᠬᠦᠦᠷᠨᠢᠨ ᠶᠠᠷᠢᠯᠴᠠᠬᠤ ᠳᠠᠭᠤ ᠨᠢ ᠵᠢᠭᠲᠡᠢ ᠨᠠᠭᠠᠯᠢᠩᠬᠠᠢ ᠪᠠᠢᠳᠠᠭ ᠭᠡᠨ᠎ᠡ᠃
ᠨᠢᠭᠡ ᠤᠳᠠᠭ᠎ᠠ ᠢᠯᠡᠭᠦᠦ ᠬᠡᠷᠡᠭ ᠲᠦ᠍ ᠳᠤᠷᠠᠲᠠᠢ ᠪᠣᠯᠤᠷᠴᠠᠭᠠᠨ ᠤ᠋ ᠱᠠᠪᠢ ᠬᠡᠦᠬᠡᠨ ᠴᠠᠭᠠᠳᠤᠬᠢ ᠭᠡᠷ ᠡᠴᠡ ᠨᠢ ᠴᠢᠩᠨᠠᠭᠰᠠᠨ ᠳ᠋ᠤ᠌ ᠳᠠᠭᠤ ᠨᠢ ᠥᠩᠭᠡᠷᠡᠦ ᠳᠣᠣᠷ᠎ᠠ ᠪᠠᠢᠭᠰᠠᠨ ᠠ᠋ᠴᠠ ᠨᠢᠭᠡ ᠦᠭᠡ ᠴᠦ᠍ ᠣᠯᠵᠤ ᠰᠣᠨᠣᠰᠤᠭᠰᠠᠨ ᠦᠭᠡᠢ᠃ ᠲᠡᠭᠡᠭᠡᠳ ᠲᠡᠷᠡ ᠡᠭᠦᠳᠡᠨ ᠰᠢᠯ ᠦ᠋ᠨ ᠬᠢᠨᠢ ᠪᠦᠷᠬᠦᠭᠦᠯ ᠦ᠋ᠨ ᠴᠣᠭᠣᠷᠬᠠᠢ ᠪᠠᠷ ᠳᠣᠲᠣᠭᠰᠢ ᠰᠡᠮᠬᠡᠨ ᠱᠠᠭᠠᠢᠪᠠᠯ ᠪᠣᠯᠤᠷᠴᠠᠭᠠᠨ ᠤ᠋ ᠨᠢᠳᠦ ᠢᠯᠡᠷᠬᠡᠢ ᠵᠥᠭᠡᠯᠡᠨ ᠪᠣᠯᠵᠤ ᠤᠶᠠᠷᠠᠵᠤ ᠰᠢᠮᠰᠢᠷᠡᠭᠰᠡᠨ ᠪᠠᠢᠳᠠᠯ ᠲᠠᠢ ᠪᠠᠷ ᠲᠡᠷᠡ ᠡᠬᠡᠨᠡᠷ ᠢ᠋ ᠬᠠᠷᠠᠵᠤ ᠰᠠᠭᠤᠭᠰᠠᠨ ᠪᠥᠭᠡᠳ ᠲᠡᠷᠡ ᠡᠬᠡᠨᠡᠷ ᠦ᠋ᠨ ᠨᠢᠳᠦ ᠴᠦ᠍ ᠶᠠᠮᠠᠷ ᠨᠢᠭᠡᠨ ᠶᠠᠭᠤᠮᠠᠨ ᠳ᠋ᠤ᠌ ᠰᠢᠨᠤᠵᠤ ᠪᠠᠢᠭ᠎ᠠ ᠰᠢᠭ᠋ ᠬᠠᠷᠠᠭᠳᠠᠵᠤ ᠭᠡᠨ᠎ᠡ᠃
ᠡᠮ ᠲᠣᠬᠢᠷᠠᠭᠤᠯᠤᠭᠴᠢ ᠡᠮᠡᠭᠲᠡᠢ ᠶ᠋ᠢ ᠭᠠᠷᠤᠭᠰᠠᠨ ᠤ᠋ ᠬᠣᠢᠨ᠎ᠠ ᠱᠠᠪᠢ ᠬᠡᠦᠬᠡᠨ ᠨᠡᠷ᠎ᠡ ᠨᠢ ᠢᠯᠠᠭᠠᠭᠳᠠᠬᠤ ᠦᠭᠡᠢ ᠡᠪᠡᠳᠴᠢᠲᠡᠨ ᠦ᠌ ᠬᠦᠰᠦᠨᠦᠭ ᠠᠪᠴᠤ ᠣᠷᠣᠭᠠᠳ ᠪᠣᠯᠤᠷᠴᠠᠭᠠᠨ ᠠ᠋ᠴᠠ ᠠᠰᠠᠭᠤᠬᠤ ᠳ᠋ᠤ᠌ ᠲᠡᠷᠡ ᠠᠮᠠᠨ ᠠᠶ᠎ᠠ ᠪᠠᠷ ᠹᠧᠩ ᠮᠧᠢ ᠭᠡᠳ ᠪᠤᠷᠤᠭᠤ ᠬᠡᠯᠡᠭᠰᠡᠨ ᠳᠦ ᠪᠡᠨ ᠬᠡᠴᠡᠭᠦᠦ ᠪᠠᠯᠠᠭ ᠠᠯᠳᠠᠵᠠᠢ᠃ ᠤᠤᠯ ᠨᠢ ᠡᠮ ᠲᠣᠬᠢᠷᠠᠭᠤᠯᠤᠭᠴᠢ ᠡᠮᠡᠭᠲᠡᠢ ᠶ᠋ᠢᠨ ᠨᠡᠷ᠎ᠡ ᠨᠢ ᠡᠦ ᠹᠧᠩ ᠮᠧᠢ ᠭᠡᠳᠡᠭ᠃ ᠲᠡᠷᠡ ᠭᠤᠴᠢᠨ ᠵᠢᠷᠭᠤᠭᠠᠲᠠᠢ᠂ ᠡᠮᠨᠡᠯᠭᠡ ᠶ᠋ᠢᠨ ᠬᠣᠷᠢᠶᠠᠨ ᠳᠤ ᠪᠠᠨ ᠬᠣᠣᠰ ᠦᠭᠡᠢ ᠭᠣᠶᠣ ᠬᠥᠮᠦᠨ ᠭᠡᠨ᠎ᠡ᠃
ᠤᠳᠠᠭᠠᠨ ᠵᠢᠯ ᠦ᠋ᠨ ᠲᠤᠷᠰᠢ ᠡᠷ᠎ᠡ ᠨᠥᠬᠥᠷ ᠲᠡᠢ ᠪᠡᠨ ᠬᠣᠶᠠᠷ ᠭᠠᠵᠠᠷ ᠠᠮᠢᠳᠤᠷᠠᠭᠰᠠᠨ ᠠ᠋ᠴᠠ ᠳᠡᠮᠡᠢ ᠰᠠᠢᠨ ᠬᠠᠢᠷ᠎ᠠ ᠳᠤᠷᠠᠯᠠᠯ ᠦᠭᠡᠢ ᠪᠣᠯᠬᠤ ᠳ᠋ᠤ᠌ ᠬᠠᠵᠠᠭᠤ ᠶ᠋ᠢᠨ ᠬᠥᠮᠦᠰ ᠴᠦ᠍ ᠡᠦ ᠹᠧᠩ ᠮᠧᠢ ᠶ᠋ᠢᠨ ᠲᠤᠬᠠᠢ ᠡᠯᠳᠡᠪ ᠢ᠋ᠶ᠋ᠡᠷ ᠬᠡᠯᠡᠯᠴᠡᠳᠡᠭ ᠰᠠᠨᠵᠠᠢ᠃
ᠶᠠᠪᠤᠭᠰᠠᠭᠠᠷ ᠪᠠᠢᠵᠤ ᠪᠣᠯᠤᠷᠴᠠᠭᠠᠨ ᠴᠦ᠍ ᠳᠤᠮᠳᠠᠬᠢ ᠨᠢᠭᠡ ᠨᠢ ᠪᠣᠯᠵᠤ ᠲᠡᠭᠦᠨ ᠲᠡᠢ ᠰᠡᠮᠡᠬᠡᠷ ᠶᠠᠪᠤᠯᠴᠠᠬᠤ ᠪᠣᠯᠪᠠ᠃
ᠨᠢᠭᠡ ᠤᠳᠠᠭ᠎ᠠ ᠡᠦ ᠹᠧᠩ ᠮᠧᠢ ᠭᠠᠷ ᠲᠤ ᠪᠠᠨ ᠨᠢᠭᠡ ᠬᠤᠪᠢ ᠵᠠᠬᠢᠳᠠᠯ ᠪᠠᠷᠢᠭᠠᠳ ᠳᠠᠩᠴᠤ ᠰᠠᠨᠳᠤᠷᠤᠩᠭᠤᠢ ᠪᠠᠢᠳᠠᠯ ᠲᠠᠢ ᠪᠠᠷ ᠪᠣᠯᠤᠷᠴᠠᠭᠠᠨ ᠤ᠋ ᠠᠯᠪᠠᠨ ᠭᠡᠷ ᠲᠦ᠍ ᠭᠦᠶᠦᠨ ᠣᠷᠣᠬᠤ ᠨᠢ ᠬᠠᠷᠠᠭᠳᠠᠵᠠᠢ᠃
ᠵᠣᠭᠣᠰ ᠦᠭᠡᠢ ᠡᠮ ᠠᠪᠬᠤ ᠭᠡᠳ ᠪᠦᠲᠦᠭᠰᠡᠨ ᠦᠭᠡᠢ ᠥᠰᠢᠶ᠎ᠡ ᠪᠣᠳᠣᠭᠰᠠᠨ ᠨᠢᠭᠡ ᠰᠤᠪᠢᠯᠠᠭᠴᠢ ᠰᠠᠮ ᠰᠠᠮ ᠠᠯᠬᠤᠯᠠᠨ ᠡᠭᠦᠳᠡᠨ ᠳᠡᠷᠭᠡᠳᠡ ᠨᠢ ᠬᠦᠷᠦᠭᠡᠳ ᠰᠡᠮᠡᠬᠡᠷ ᠴᠢᠩᠨᠠᠪᠠᠯ ᠡᠦ ᠹᠧᠩ ᠮᠧᠢ ᠱᠣᠭ ᠱᠣᠭ ᠤᠬᠢᠯᠠᠵᠤ ᠪᠠᠢᠭ᠎ᠠ ᠨᠢ ᠳᠤᠭᠤᠯᠳᠠᠵᠠᠢ᠃
ᠰᠤᠪᠢᠯᠠᠭᠴᠢ ᠪᠤᠴᠠᠵᠤ ᠢᠷᠡᠮᠡᠭᠴᠡ ᠪᠡᠨ ᠬᠣᠪ ᠵᠢᠪ ᠲᠦ᠍ ᠳᠤᠷᠠᠲᠠᠢ ᠨᠢᠭᠡ ᠨᠠᠢᠵᠠ ᠳᠤ ᠪᠠᠨ ᠡᠦ ᠹᠧᠩ ᠮᠧᠢ ᠡᠷ᠎ᠡ ᠲᠡᠢ ᠪᠡᠨ ᠤᠷᠤᠭ ᠰᠠᠯᠬᠤ ᠵᠠᠬᠢᠶ᠎ᠠ ᠢᠯᠡᠭᠡᠭᠡᠳ ᠵᠥᠪᠰᠢᠶᠡᠷᠡᠭᠰᠡᠨ ᠦᠭᠡᠢ ᠪᠠᠢᠨ᠎ᠠ᠃ ᠭᠣᠮᠣᠳᠠᠬᠤ ᠳᠤ ᠪᠠᠨ ᠪᠣᠯᠣᠷᠴᠠᠭᠠᠨ ᠤ᠋ ᠬᠦᠵᠦᠭᠦᠦ ᠪᠡᠷ ᠲᠡᠪᠡᠷᠢᠨ ᠮᠠᠭᠤᠵᠢᠷᠠᠲᠠᠯᠠ ᠤᠬᠢᠯᠠᠵᠤ ᠪᠠᠢᠨ᠎ᠠ᠃ ᠢᠴᠢᠳᠡᠭ ᠴᠦ᠍ ᠦᠭᠡᠢ ᠠᠮᠢᠲᠠᠨ ᠭᠡᠵᠦ ᠬᠡᠯᠡᠵᠡᠢ᠃ ᠡᠭᠦᠨ ᠡᠴᠡ ᠬᠣᠢᠰᠢ ᠪᠣᠯᠤᠷᠴᠠᠭᠠᠨ ᠡᠷ᠎ᠡ ᠡᠮ᠎ᠡ ᠬᠣᠶᠠᠭᠤᠯᠠ ᠵᠠᠯᠭᠠᠭ᠎ᠠ ᠭᠡᠷᠡᠯᠲᠦᠨ ᠵᠣᠳᠣᠯᠴᠠᠬᠤ ᠨᠢ ᠡᠳᠡᠭᠡᠷ ᠬᠣᠪ ᠶᠠᠷᠢᠶᠠᠨ ᠳ᠋ᠤ᠌ ᠲᠠᠰᠢᠭᠤᠷ ᠨᠡᠮᠡᠨ ᠳᠠᠯᠠᠪᠴᠢ ᠤᠷᠭᠤᠭᠤᠯᠤᠯᠠ᠃
ᠬᠡᠷᠡᠭ ᠭᠠᠷᠬᠤ ᠠ᠋ᠴᠠ ᠡᠮᠦᠨ᠎ᠡ ᠬᠠᠪᠤᠷ ᠤ᠋ᠨ ᠨᠢᠭᠡᠨ ᠰᠥᠨᠢ ᠶ᠋ᠢᠨ ᠭᠤᠷᠪᠠᠨ ᠴᠠᠭ ᠤ᠋ᠨ ᠦᠶ᠎ᠡ ᠪᠡᠷ ᠡᠦ ᠹᠧᠩ ᠮᠧᠢ ᠶ᠋ᠢᠨ ᠭᠡᠷ ᠡᠴᠡ ᠨᠢᠭᠡᠨ ᠡᠷᠡᠭᠲᠡᠢ ᠬᠥᠮᠦᠨ ᠰᠡᠮᠡᠬᠡᠷ ᠭᠠᠷᠴᠤ ᠢᠷᠡᠭᠡᠳ ᠱᠠᠲᠤ ᠪᠠᠷ ᠰᠢᠪᠲᠤᠷᠤᠨ ᠪᠠᠭᠤᠬᠤ ᠶ᠋ᠢ ᠵᠡᠷᠭᠡᠯᠡᠳᠡᠭᠡ ᠭᠡᠷ ᠦ᠋ᠨ ᠬᠢᠨᠢ ᠨᠢᠭᠡ ᠡᠬᠡᠨᠡᠷ ᠰᠥᠨᠢ ᠶ᠋ᠢᠨ ᠡᠭᠡᠯᠵᠢᠨ ᠳ᠋ᠦ᠍ ᠭᠠᠷᠬᠤ ᠳᠤ ᠪᠠᠨ ᠣᠯᠵᠤ ᠦᠵᠡᠵᠡᠢ᠃
ᠪᠠᠢᠴᠠᠭᠠᠬᠤ ᠬᠣᠷᠢᠶᠠᠨ ᠤ᠋ ᠮᠥᠷᠲᠡᠭᠴᠢᠳ ᠡᠨᠡ ᠬᠦ᠌ ᠶᠠᠪᠤᠳᠠᠯ ᠢ᠋ ᠦᠨᠡᠨ ᠭᠡᠷᠡᠴᠢ ᠪᠣᠯᠭᠠᠨ ᠡᠦ ᠹᠧᠩ ᠮᠧᠢ ᠡᠴᠡ ᠠᠰᠠᠭᠤᠬᠤ ᠳ᠋ᠤ᠌ ᠲᠡᠷᠡ ᠥᠯᠢᠢᠵᠦ ᠴᠦ᠍ ᠬᠠᠷᠠᠬᠤ ᠦᠭᠡᠢ ᠮᠥᠷᠲᠡᠭᠡᠨ ᠬᠠᠮᠠᠷ ᠢ᠋ᠶ᠋ᠠᠷ ᠢ᠋ᠶ᠋ᠠᠨ ᠬᠦᠢᠲᠡᠨ ᠢᠨᠢᠶᠡᠨ᠂ ᠡᠮᠨᠡᠯᠭᠡ ᠶ᠋ᠢᠨ ᠬᠣᠷᠢᠶᠠᠨ ᠤ᠋ ᠠᠵᠢᠯᠲᠠᠨ ᠲᠠᠨ ᠤ᠋ ᠵᠠᠰᠠᠭ ᠵᠠᠬᠢᠷᠭᠠᠨ ᠤ᠋ ᠺᠠᠳ᠋ᠷ ᠤ᠋ᠳ ᠲᠠᠢ ᠠᠳᠠᠯᠢ ᠦᠭᠡᠢ ᠰᠢᠦ᠃ ᠵᠠᠷᠢᠮ ᠳᠤ ᠪᠠᠨ ᠰᠥᠨᠢ ᠶ᠋ᠢᠨ ᠬᠠᠭᠠᠰ ᠥᠩᠭᠡᠷᠡᠵᠦ ᠠᠵᠢᠯ ᠠ᠋ᠴᠠ ᠪᠠᠨ ᠪᠠᠭᠤᠨ᠎ᠠ᠃ ᠵᠠᠮ ᠳᠤ ᠪᠠᠨ ᠠᠶᠤᠵᠤ ᠰᠣᠴᠢᠬᠤ ᠠ᠋ᠴᠠ ᠪᠠᠨ ᠪᠣᠯᠭᠣᠮᠵᠢᠯᠠᠨ ᠡᠷᠡᠭᠲᠡᠢ ᠬᠥᠮᠦᠨ ᠢ᠋ ᠭᠤᠶᠤᠨ ᠬᠦᠷᠭᠡᠭᠦᠯᠵᠦ ᠢᠷᠡᠬᠦ ᠶᠠᠪᠤᠳᠠᠯ ᠦᠷᠭᠦᠯᠵᠢ ᠭᠠᠷᠳᠠᠭ᠃ ᠶᠠᠮᠠᠷ ᠬᠥᠮᠦᠨ 《ᠰᠠᠢᠨ ᠰᠠᠨᠠᠭ᠎ᠠ》 ᠨᠢ ᠬᠡᠲᠦᠷᠡᠬᠦ ᠳᠦ ᠪᠡᠨ ᠤᠨᠲᠠᠬᠤ ᠨᠣᠢᠷ ᠢ᠋ᠶ᠋ᠠᠨ ᠬᠠᠶᠠᠭᠠᠳ ᠮᠢᠨᠦ ᠡᠭᠦᠳᠡ ᠶ᠋ᠢ ᠮᠢᠷᠢᠶᠠᠵᠤ ᠰᠠᠭᠤᠳᠠᠭ ᠪᠣᠯ? ᠲᠡᠷᠡ ᠴᠦ᠍ ᠪᠠᠢᠲᠤᠭᠠᠢ ᠦᠨᠡᠬᠡᠷ ᠨᠢᠭᠡ ᠡᠷ᠎ᠡ ᠬᠥᠮᠦᠨ ᠨᠠᠳᠠ ᠲᠠᠢ ᠬᠣᠨᠣᠭᠠᠳ ᠭᠠᠷᠤᠭᠰᠠᠨ ᠴᠦ᠍ ᠶᠠᠭᠠᠮᠠᠢ! ᠬᠡᠲᠦᠷᠡᠬᠦ ᠳᠦ ᠪᠡᠨ ᠡᠦ ᠹᠧᠩ ᠮᠧᠢ ᠶ᠋ᠢ ᠱᠠᠯᠢᠭ ᠵᠠᠪᠬᠠᠢ ᠠᠮᠢᠲᠠᠨ ᠭᠡᠵᠦ ᠬᠡᠯᠡᠬᠦ ᠪᠢᠵᠡ᠃ ᠵᠠᠪᠠᠯ ᠪᠣᠯᠤᠷᠴᠠᠭᠠᠨ ᠲᠠᠢ ᠬᠣᠯᠪᠣᠭᠳᠠᠭᠤᠯᠬᠤ ᠨᠢ ᠢᠯᠡᠭᠦᠦ ᠶᠠᠭᠤᠮ᠎ᠠ ᠰᠢᠭ᠋ ᠰᠠᠨᠠᠭᠳᠠᠬᠤ ᠶᠤᠮ᠃ ᠬᠠᠤᠯᠢ ᠴᠠᠭᠠᠵᠠ ᠶ᠋ᠢᠨ ᠺᠠᠳ᠋ᠷᠴᠤᠳ ᠵᠢᠯ ᠥᠩᠭᠡᠷᠡᠭᠰᠡᠨ ᠦ᠌ ᠳᠠᠷᠠᠭ᠎ᠠ ᠡᠢᠮᠦ ᠬᠠᠷᠢᠭᠤᠴᠠᠯᠭ᠎ᠠ ᠨᠡᠬᠡᠮᠵᠢᠯᠡᠬᠦ ᠶ᠋ᠢ ᠮᠡᠳᠡᠭᠰᠡᠨ ᠪᠣᠯ ᠢᠷᠡᠭᠰᠡᠨ ᠡᠷ᠎ᠡ ᠬᠥᠮᠦᠨ ᠢ᠋ᠶ᠋ᠡᠨ ᠪᠦᠷ ᠨᠢᠭᠡ ᠨᠢᠭᠡ ᠪᠡᠷ ᠲᠡᠮᠳᠡᠭᠯᠡᠭᠡᠳ ᠲᠠᠯᠪᠢᠵᠤ ᠪᠠᠢᠭᠰᠠᠨ ᠪᠣᠯ ᠲᠠᠭᠠᠷᠠᠬᠤ ᠪᠠᠢᠵᠤ ᠳᠠ ᠭᠡᠵᠦ ᠪᠠᠰᠤᠵᠤ ᠭᠠᠷᠤᠯ᠎ᠠ᠃
ᠡᠨᠡ ᠰᠦᠪᠡᠭᠴᠢ ᠢᠩᠭᠢᠭᠡᠳ ᠵᠠᠯᠠᠭᠤ ᠪᠠᠢᠴᠠᠭᠠᠭᠴᠢ ᠶ᠋ᠢᠨ ᠡᠳᠦᠷ ᠦ᠋ᠨ ᠲᠡᠮᠳᠡᠭᠯᠡᠯ ᠳ᠋ᠦ᠍ ᠦᠯᠡᠳᠡᠵᠡᠢ᠃
ᠪᠠᠰᠠ ᠨᠢᠭᠡ ᠵᠦᠢᠯ ᠢ᠋ ᠲᠡᠮᠳᠡᠭᠯᠡᠭᠰᠡᠨ ᠪᠠᠢᠨ᠎ᠠ᠃
ᠬᠡᠯᠡᠪᠡᠯ ᠪᠠᠰᠠ ᠰᠣᠨᠢᠨ ᠶᠤᠮ᠃ ᠪᠣᠯᠤᠷᠴᠠᠭᠠᠨ ᠢ᠋ ᠪᠠᠷᠢᠭᠳᠠᠭᠰᠠᠨ ᠤ᠋ ᠬᠡᠳᠦᠨ ᠡᠳᠦᠷ ᠦ᠋ᠨ ᠳᠠᠷᠠᠭ᠎ᠠ ᠬᠣᠷᠢᠭᠤᠯ ᠤ᠋ᠨ ᠭᠠᠵᠠᠷ ᠶᠠᠯᠠᠲᠠᠨ ᠨᠤᠭᠤᠳ ᠤ᠋ᠨ ᠳᠣᠲᠣᠷ᠎ᠠ ᠪᠠᠰᠠ ᠡᠨᠡ ᠲᠤᠬᠠᠢ ᠶᠠᠷᠢᠶ᠎ᠠ ᠳᠡᠯᠭᠡᠷᠡᠭᠰᠡᠨ ᠪᠠᠢᠯ᠎ᠠ᠃
ᠬᠣᠷᠢᠭᠤᠯ ᠳ᠋ᠠᠬᠢ ᠶᠠᠯᠠᠲᠠᠨ ᠨᠤᠭᠤᠳ ᠤ᠋ᠨ ᠬᠡᠯᠡᠯᠴᠡᠬᠦ ᠪᠡᠷ ᠪᠣᠯᠤᠷᠴᠠᠭᠠᠨ ᠪᠠᠷᠢᠭᠳᠠᠭᠰᠠᠨ ᠤ᠋ ᠪᠠᠨ ᠳᠠᠷᠠᠭ᠎ᠠ ᠥᠷᠯᠥᠭᠡ ᠨᠢᠭᠡ ᠮᠠᠰᠢ ᠵᠢᠰᠦᠷᠬᠡᠭ ᠡᠮᠡᠭᠲᠡᠢ ᠲᠡᠢ ᠬᠣᠭᠣᠯᠠᠨ ᠭᠡᠷ ᠦ᠋ᠨ ᠴᠣᠩᠬᠣ ᠪᠠᠷ ᠠᠭᠤᠯᠵᠠᠨ ᠦᠭᠡ ᠶᠠᠷᠢᠯᠴᠠᠭᠰᠠᠨ ᠭᠡᠨ᠎ᠡ᠃
ᠲᠡᠭᠦᠨ ᠲᠡᠢ ᠠᠭᠤᠯᠵᠠᠵᠤ ᠶᠠᠷᠢᠯᠴᠠᠭᠰᠠᠨ ᠠ᠋ᠴᠠ ᠬᠣᠢᠰᠢ ᠪᠣᠯᠤᠷᠴᠠᠭᠠᠨ ᠬᠡᠰᠡᠭ ᠲᠤ ᠪᠠᠨ ᠮᠡᠳᠡᠭᠡ ᠠᠯᠲᠠᠨ ᠮᠠᠨᠠᠷᠠᠬᠤ ᠰᠢᠬᠠᠵᠤ᠂ ᠵᠠᠷᠢᠮ ᠳᠤ ᠪᠠᠨ ᠬᠡᠪᠲᠡᠭᠰᠡᠨ ᠣᠷᠣ ᠠ᠋ᠴᠠ ᠪᠠᠨ ᠦᠰᠦᠷᠦᠨ ᠪᠠᠭᠤᠭᠠᠳ ᠶᠠᠯ᠎ᠠ ᠪᠠᠨ ᠴᠠᠭᠠᠪᠤᠷᠯᠠᠬᠤ ᠪᠠᠷ ᠭᠣᠶᠣᠳᠠᠭ ᠭᠡᠨ᠎ᠡ᠃
ᠡᠨᠡ ᠬᠦ᠌ ᠣᠯᠳᠠᠰᠢ ᠦᠭᠡᠢ ᠰᠦᠪᠡᠭᠴᠢ ᠰᠡᠵᠢᠭ ᠢ᠋ᠶ᠋ᠡᠷ ᠪᠢᠳᠡ ᠭᠢᠨᠳᠠᠨ ᠳ᠋ᠤ᠌ ᠣᠴᠢᠵᠤ ᠬᠡᠳᠦᠨ ᠶᠠᠯᠠᠲᠠᠨ ᠠ᠋ᠴᠠ ᠮᠥᠷᠳᠡᠵᠦ ᠨᠡᠬᠡᠮᠵᠢᠯᠡᠬᠦ ᠳ᠋ᠦ᠍ ᠬᠡᠨ ᠨᠢ ᠴᠦ᠍ ᠨᠢᠳᠦ ᠪᠡᠷ ᠢ᠋ᠶ᠋ᠡᠨ ᠦᠵᠡᠭᠰᠡᠨ ᠦᠭᠡᠢ ᠭᠡᠵᠦ ᠨᠢᠭᠡ ᠨᠢᠭᠡᠨ ᠳᠦ ᠪᠡᠨ ᠲᠦᠯᠬᠢᠵᠦ ᠨᠥᠮᠥᠷᠭᠡᠭᠰᠡᠭᠡᠷ ᠡᠴᠦᠰ ᠲᠤ ᠪᠠᠨ ᠰᠠᠷ᠎ᠠ ᠶ᠋ᠢᠨ ᠡᠮᠦᠨ᠎ᠡ ᠨᠢᠭᠡᠨᠲᠡ ᠬᠠᠤᠯᠢ ᠪᠠᠷ ᠰᠢᠢᠳᠬᠡᠭᠳᠡᠭᠡᠳ ᠲᠡᠮᠡᠭᠡᠨ ᠪᠦᠭᠦᠳᠦ ᠶ᠋ᠢᠨ ᠬᠥᠳᠡᠯᠮᠦᠷᠢ ᠪᠡᠷ ᠥᠭᠡᠷᠡᠴᠢᠯᠡᠬᠦ ᠲᠠᠯᠠᠪᠠᠢ ᠳ᠋ᠤ᠌ ᠬᠦᠷᠭᠡᠭᠳᠡᠭᠰᠡᠨ ᠯᠢ ᠹᠧᠩ ᠮᠢᠨ ᠭᠡᠭᠴᠢ ᠶᠠᠯᠠᠲᠠᠨ ᠳ᠋ᠤ᠌ ᠲᠦᠯᠬᠢᠭᠳᠡᠨ ᠬᠠᠶᠠᠭᠳᠠᠪᠠ᠃
ᠭᠡᠲᠡᠯ᠎ᠡ ᠬᠣᠷᠢᠭᠤᠯ ᠤ᠋ᠨ ᠬᠠᠵᠠᠷ ᠤ᠋ᠨ ᠬᠠᠷᠠᠭᠤᠯ ᠪᠠ ᠤᠷᠢᠳᠴᠢᠯᠠᠨ ᠰᠢᠭᠦᠬᠦ ᠠᠵᠢᠯᠲᠠᠳ ᠪᠣᠯᠤᠷᠴᠠᠭᠠᠨ ᠪᠠᠷᠢᠭᠳᠠᠭᠰᠠᠨ ᠤ᠋ ᠪᠠᠨ ᠳᠠᠷᠠᠭ᠎ᠠ ᠥᠷᠯᠥᠭᠡ ᠶ᠋ᠢᠨ ᠠᠷᠪᠠᠨ ᠴᠠᠭ ᠤ᠋ᠨ ᠦᠶ᠎ᠡ ᠪᠡᠷ ᠥᠪᠡᠷ ᠢ᠋ᠶ᠋ᠡᠨ ᠱᠠᠭᠠᠷᠳᠠᠯᠭ᠎ᠠ ᠭᠠᠷᠭᠠᠨ ᠶᠠᠯ᠎ᠠ ᠪᠠᠨ ᠲᠤᠰᠢᠶᠠᠬᠤ ᠠ᠋ᠴᠠ ᠡᠮᠦᠨ᠎ᠡ ᠬᠣᠷᠢᠭᠤᠯ ᠤ᠋ᠨ ᠭᠠᠵᠠᠷ ᠠ᠋ᠴᠠ ᠭᠠᠷᠤᠭᠰᠠᠨ ᠦᠭᠡᠢ ᠮᠥᠷᠲᠡᠭᠡᠨ ᠶᠠᠮᠠᠷ ᠴᠦ᠍ ᠬᠥᠮᠦᠨ ᠲᠡᠢ ᠠᠭᠤᠯᠵᠠᠭᠰᠠᠨ ᠦᠭᠡᠢ ᠭᠡᠵᠦ ᠪᠠᠲᠤ ᠲᠠᠢ ᠬᠡᠯᠡᠵᠡᠭᠡᠵᠦ ᠪᠠᠢᠪᠠ᠃ ᠪᠢᠳᠡ ᠦᠷᠭᠦᠯᠵᠢᠯᠡᠨ ᠮᠥᠷᠳᠡᠬᠦ ᠴᠢᠬᠤᠯᠠ ᠦᠭᠡᠢ ᠪᠣᠯᠤᠭᠰᠠᠨ ᠲᠤᠯᠠ ᠪᠠᠢᠴᠠᠭᠠᠬᠤ ᠪᠠᠨ ᠲᠦᠷ ᠵᠣᠭᠰᠣᠪᠠ᠃
ᠪᠠᠢᠴᠠᠭᠠᠬᠤ ᠬᠣᠷᠢᠶᠠᠨ ᠤ᠋ ᠵᠠᠯᠠᠭᠤ ᠪᠠᠢᠴᠠᠭᠠᠭᠴᠢ ᠡᠳᠦᠷ ᠦ᠋ᠨ ᠲᠡᠮᠳᠡᠭᠯᠡᠯ ᠢ᠋ᠶ᠋ᠡᠨ ᠬᠤᠷᠢᠶᠠᠵᠤ ᠠᠪᠬᠤ ᠳ᠋ᠤ᠌ ᠤᠷᠮ᠎ᠠ ᠨᠢ ᠶᠡᠬᠡ ᠬᠤᠭᠤᠷᠠᠭᠰᠠᠨ ᠪᠠᠢᠪᠠ᠃
ᠲᠡᠷᠡ ᠪᠣᠯᠤᠷᠴᠠᠭᠠᠨ ᠤ᠋ ᠡᠬᠡᠨᠡᠷ ᠢ᠋ᠶ᠋ᠡᠨ ᠠᠯᠠᠭᠰᠠᠨ ᠴᠠᠭᠠᠳᠤᠬᠢ ᠵᠣᠷᠢᠯᠭ᠎ᠠ ᠶ᠋ᠢ ᠨᠢ ᠣᠯᠬᠤ ᠪᠠᠷ ᠶᠡᠬᠡ ᠴᠢᠷᠮᠠᠢᠭᠰᠠᠨ ᠪᠠᠢᠨ᠎ᠠ᠃ ᠪᠠᠢᠴᠠᠭᠠᠯᠲᠠ ᠶ᠋ᠢᠨ ᠳᠤᠮᠳᠠ ᠲᠡᠭᠦᠨ ᠳ᠋ᠦ᠍ ᠶᠠᠮᠠᠷ ᠨᠢᠭᠡᠨ ᠡᠭᠡᠳᠡᠷᠡᠭᠡᠨ ᠪᠤᠳᠤᠯᠢᠶᠠᠨᠲᠠᠢ ᠬᠡᠷᠡᠭ ᠨᠢᠭᠤᠭᠳᠠᠵᠤ ᠪᠠᠢᠬᠤ ᠰᠢᠭ᠋ ᠰᠠᠨᠠᠭᠳᠠᠭᠰᠠᠨ ᠪᠣᠯᠪᠠᠴᠤ ᠲᠣᠳᠣᠷᠬᠠᠢᠯᠠᠵᠤ ᠲᠠᠢᠯᠤᠮᠠᠷ ᠭᠡᠷᠡᠴᠢ ᠦᠭᠡᠢ ᠲᠤᠯᠠ ᠰᠢᠭᠦᠬᠦ ᠬᠣᠷᠢᠶᠠᠨ ᠳ᠋ᠤ᠌ ᠡᠪᠬᠡᠮᠡᠯ ᠢ᠋ᠶ᠋ᠡᠨ ᠰᠢᠯᠵᠢᠭᠦᠯᠬᠦ ᠳ᠋ᠡᠭᠡᠨ ᠶᠡᠬᠡ ᠬᠠᠷᠠᠮᠰᠠᠵᠠᠢ᠃
ᠭᠡᠲᠡᠯ᠎ᠡ ᠪᠤᠰᠤᠳ ᠪᠠᠢᠴᠠᠭᠠᠭᠴᠢ ᠨᠠᠷ ᠢᠩᠭᠢᠵᠦ ᠦᠵᠡᠭᠰᠡᠨ ᠪᠢᠰᠢ᠂ ᠬᠠᠷᠢᠨ ᠬᠥᠮᠦᠨ ᠠᠯᠠᠭᠰᠠᠨ ᠬᠡᠷᠡᠭ ᠨᠢ ᠦᠨᠡᠨ ᠪᠣᠳᠠᠲᠤ ᠭᠡᠷᠡᠴᠢ ᠪᠠᠷᠢᠮᠲᠠ ᠪᠠᠷ ᠭᠦᠢᠴᠡᠳ ᠪᠣᠯᠤᠭᠰᠠᠨ ᠪᠣᠯ ᠲᠡᠭᠦᠨ ᠦ᠌ ᠬᠥᠮᠦᠨ ᠠᠯᠠᠬᠤ ᠦᠶ᠎ᠡ ᠳ᠋ᠡᠭᠡᠨ ᠴᠠᠭᠠᠨ᠎ᠠ ᠪᠠᠨ ᠶᠠᠭᠤ ᠪᠣᠳᠣᠵᠤ ᠪᠠᠢᠭᠰᠠᠨ ᠪᠠ ᠡᠰᠡᠪᠡᠯ ᠶᠠᠮᠠᠷ ᠨᠢᠭᠡᠨ ᠬᠡᠯᠡᠵᠦ ᠪᠣᠯᠣᠰᠢ ᠦᠭᠡᠢ ᠰᠡᠳᠬᠢᠯ ᠦ᠋ᠨ ᠨᠢᠭᠤᠴᠠ ᠳᠠᠯᠳᠠ ᠰᠦᠯᠪᠡᠭᠡ ᠪᠠᠢᠬᠤ ᠪᠣᠯᠤᠯᠴᠠᠭ᠎ᠠ ᠲᠠᠢ ᠴᠦ᠍ ᠭᠡᠰᠡᠨ ᠥᠪᠡᠷ ᠦ᠋ᠨ ᠰᠠᠨᠠᠭᠠᠴᠢᠯᠠᠭ᠎ᠠ ᠠ᠋ᠴᠠ ᠪᠠᠨ ᠲᠤᠰᠢᠶᠠᠬᠤ ᠦᠭᠡᠢ ᠪᠣᠯ ᠵᠠᠪᠠᠯ ᠠᠯᠪᠠ ᠪᠠᠷ ᠮᠥᠷᠳᠡᠬᠦ ᠴᠢᠬᠤᠯᠠ ᠦᠭᠡᠢ ᠭᠡᠵᠦ ᠦᠵᠡᠵᠡᠭᠡᠵᠡᠢ᠃
ᠲᠦᠪᠰᠢᠨ ᠥᠨᠥ ᠰᠥᠨᠢ ᠴᠦ᠍ ᠡᠨᠡ ᠤᠴᠢᠷ ᠢ᠋ ᠪᠣᠳᠣᠭᠰᠠᠭᠠᠷ ᠪᠢᠯᠡ᠃
ᠦᠨᠡᠬᠡᠷ ᠶᠠᠮᠠᠷ ᠨᠢᠭᠡᠨ ᠡᠮᠡᠭᠲᠡᠢ ᠪᠣᠯᠤᠷᠴᠠᠭᠠᠨ ᠤ᠋ ᠬᠡᠷᠡᠭ ᠲᠦ᠍ ᠬᠣᠯᠪᠣᠭᠳᠠᠬᠤ ᠭᠡᠵᠢ ᠤᠤ? ᠲᠡᠭᠡᠪᠡᠯ ᠲᠡᠷᠡ ᠡᠮᠡᠭᠲᠡᠢ ᠶᠠᠭᠠᠬᠢᠭᠠᠳ ᠪᠤᠰᠤᠳ ᠲᠤ᠌ ᠥᠴᠦᠬᠡᠨ ᠴᠦ᠍ ᠰᠡᠷᠡᠭᠳᠡᠬᠦ ᠦᠭᠡᠢ ᠪᠡᠷ ᠬᠣᠷᠢᠭᠤᠯ ᠤ᠋ᠨ ᠳᠣᠲᠣᠷ᠎ᠠ ᠣᠷᠣᠵᠤ ᠣᠴᠢᠭᠰᠠᠨ ᠪᠣᠢ?
ᠲᠡᠷᠡ ᠡᠯᠳᠡᠪ ᠢ᠋ ᠪᠣᠳᠣᠭᠰᠠᠭᠠᠷ ᠮᠣᠳᠣᠨ ᠣᠷᠣ ᠪᠠᠨ ᠵᠢᠷᠵᠢᠬᠢᠨᠡᠭᠦᠯᠲᠡᠯᠡ ᠡᠷᠭᠢᠬᠦ ᠳ᠋ᠦ᠍ ᠦᠦᠷ ᠦ᠋ᠨ ᠴᠣᠯᠮᠣᠨ ᠶᠡᠬᠡ ᠳᠡᠭᠡᠷ᠎ᠡ ᠭᠠᠷᠤᠭᠰᠠᠨ ᠨᠢ ᠴᠣᠩᠬᠣᠨ ᠰᠢᠯ ᠢ᠋ᠶ᠋ᠡᠷ ᠬᠠᠷᠠᠭᠳᠠᠵᠠᠢ᠃
ᠤᠩᠰᠢᠭᠰᠠᠨ ᠨᠢ᠄ ᠴᠡᠴᠡᠭᠮ᠎ᠡ
