ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠭᠤᠷᠪᠠ> Хялгасан дөрөөн дээр – Хасвулаг зохиов <23> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠭᠤᠷᠪᠠ> Хялгасан дөрөөн дээр – Хасвулаг зохиов <23>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠭᠤᠷᠪᠠ> Хялгасан дөрөөн дээр – Хасвулаг зохиов <23>

ᠠᠩᠭᠢᠯᠠᠯ:ᠲᠤᠭᠤᠵᠢ ᠷᠣᠮᠠᠨ
2026-02-06

139

ᠬᠢᠯᠭᠠᠰᠤᠨ ᠳᠥᠷᠥᠭᠡᠨ ᠳᠡᠭᠡᠷ᠎ᠡ –<ᠬᠣᠷᠢᠨ ᠭᠤᠷᠪᠠ>


               ᠬᠣᠷᠢᠨ ᠭᠤᠷᠪᠠ 

       ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠠ᠋ᠴᠠ ᠲᠦᠮᠡᠨᠨᠠᠰᠤᠲᠤ ᠬᠣᠲᠠ ᠶ᠋ᠢᠨ ᠰᠢᠭᠦᠬᠦ ᠬᠣᠷᠢᠶᠠᠨ ᠳ᠋ᠤ᠌ ᠠᠯᠪᠠ ᠪᠠᠭᠤᠯᠭᠠᠨ᠂ ᠠᠯᠠᠬᠤ ᠶᠠᠯ᠎ᠠ ᠪᠠᠷ ᠰᠢᠢᠳᠬᠡᠭᠳᠡᠭᠰᠡᠨ ᠶᠠᠯᠠᠲᠠᠨ ᠪᠣᠯᠤᠷᠴᠠᠭᠠᠨ ᠢ᠋ ᠨᠢᠭᠡ ᠰᠠᠷ᠎ᠠ ᠬᠣᠢᠰᠢᠯᠠᠭᠤᠯᠬᠤ ᠶ᠋ᠢ ᠵᠥᠪᠰᠢᠶᠡᠷᠡᠭᠰᠡᠨ ᠨᠢ ᠬᠤᠭᠤᠴᠠᠭᠠᠨ ᠳ᠋ᠠᠭᠠᠨ ᠲᠤᠯᠬᠤ ᠰᠢᠬᠠᠵᠤ ᠪᠠᠢᠯ᠎ᠠ᠃  
       ᠲᠦᠪᠰᠢᠨ ᠭᠤᠸᠠᠢ ᠢᠯᠡ ᠳᠠᠯᠳᠠ ᠣᠯᠠᠨ ᠲᠠᠯ᠎ᠠ ᠶ᠋ᠢᠨ ᠪᠠᠢᠴᠠᠭᠠᠯᠲᠠ ᠬᠢᠭᠡᠳ ᠪᠠᠰᠠ ᠣᠯᠠᠨ ᠵᠦᠢᠯ ᠢ᠋ ᠵᠠᠪᠠᠯ ᠲᠤᠰ ᠪᠡᠶ᠎ᠡ ᠲᠡᠢ ᠨᠢ ᠲᠤᠯᠭᠠᠨ ᠲᠣᠳᠣᠷᠬᠠᠢᠯᠠᠬᠤ ᠬᠡᠷᠡᠭᠲᠡᠢ ᠪᠣᠯᠬᠤᠯᠠᠷ ᠥᠨᠥᠳᠥᠷ ᠪᠣᠯᠤᠷᠴᠠᠭᠠᠨ ᠢ᠋ ᠭᠤᠷᠪᠠᠳᠠᠬᠢ ᠤᠳᠠᠭ᠎ᠠ ᠰᠢᠭᠦᠵᠡᠢ᠃  
       ᠲᠡᠭᠦᠨ ᠦ᠌ ᠰᠢᠭᠦᠯᠲᠡ ᠨᠢ ᠬᠥᠮᠦᠨ ᠠᠯᠠᠭᠰᠠᠨ ᠬᠡᠷᠡᠭ ᠲᠡᠢ ᠲᠡᠢᠮᠦ ᠴᠦ᠍ ᠶᠡᠬᠡ ᠬᠣᠯᠪᠣᠭᠳᠠᠬᠤ ᠦᠭᠡᠢ ᠮᠡᠲᠦ ᠪᠣᠯᠪᠠᠴᠤ ᠪᠣᠯᠤᠷᠴᠠᠭᠠᠨ ᠤ᠋ ᠬᠠᠮᠤᠭ ᠠ᠋ᠴᠠ ᠬᠠᠷᠢᠭᠤᠯᠬᠤ ᠳᠤᠷ᠎ᠠ ᠦᠭᠡᠢ ᠠᠰᠠᠭᠤᠯᠲᠠ ᠨᠤᠭᠤᠳ ᠪᠠᠢᠯ᠎ᠠ᠃  ᠡᠨᠡ ᠨᠢ ᠳᠠᠷᠤᠢ ᠪᠣᠯᠤᠷᠴᠠᠭᠠᠨ ᠪᠣᠯᠤᠨ ᠡᠦ ᠹᠧᠩ ᠮᠧᠢ ᠬᠣᠶᠠᠭᠤᠯᠠ ᠶ᠋ᠢᠨ ᠬᠠᠷᠢᠴᠠᠭᠠᠨ ᠤ᠋ ᠠᠰᠠᠭᠤᠳᠠᠯ ᠪᠣᠯᠤᠨ᠎ᠠ᠃  
       ᠭᠡᠲᠡᠯ᠎ᠡ ᠲᠦᠪᠰᠢᠨ ᠭᠤᠸᠠᠢ ᠶ᠋ᠢᠨ ᠦᠨᠡᠨ ᠴᠠᠭᠠᠪᠤᠷ ᠣᠪᠣᠷ ᠢ᠋ᠶ᠋ᠠᠷ ᠵᠦᠢᠴᠢᠯᠡᠨ ᠲᠤᠯᠭᠠᠭᠰᠠᠨ ᠰᠢᠭᠦᠯᠲᠡ ᠶ᠋ᠢ ᠲᠡᠷᠡ ᠳᠠᠪᠠᠵᠤ ᠭᠠᠷᠤᠭ᠎ᠠ ᠦᠭᠡᠢ᠃  ᠪᠠᠬᠠᠨ ᠳᠤᠭᠤᠢ ᠨᠠᠮᠤᠭᠤᠬᠠᠨ ᠰᠠᠭᠤᠭᠰᠠᠨ ᠢ᠋ᠶ᠋ᠠᠨ ᠠᠰᠠᠭᠤᠭᠰᠠᠨ ᠵᠦᠢᠯ ᠢ᠋ ᠨᠢ ᠬᠠᠷᠢᠭᠤᠯᠵᠤ ᠡᠬᠢᠯᠡᠵᠡᠢ᠃ 
       — ᠪᠢᠳᠡ ᠴᠢᠮ᠎ᠠ ᠶ᠋ᠢ ᠰᠢᠭᠦᠬᠦ ᠡᠴᠡ ᠡᠮᠦᠨ᠎ᠡ ᠡᠦ ᠹᠧᠩ ᠮᠧᠢ ᠡᠴᠡ ᠪᠠᠢᠳᠠᠯ ᠢ᠋ ᠠᠰᠠᠭᠤᠵᠤ ᠣᠢᠯᠠᠭᠠᠭᠰᠠᠨ ᠶᠤᠮ᠃ ᠭᠡᠲᠡᠯ᠎ᠡ᠁ 
       — ᠡᠦ ᠹᠧᠩ ᠮᠧᠢ᠂ ᠲᠡᠷᠡ ᠲᠠᠨᠤᠰ ᠲᠤ᠌᠁ 
       — ᠰᠠᠨᠠᠭ᠎ᠠ ᠠᠮᠤᠷ ᠪᠠᠢ᠂ ᠲᠡᠷᠡ ᠪᠢᠳᠡᠨ ᠳ᠋ᠦ᠍ ᠣᠯᠠᠨ ᠲᠠᠪᠤᠨ ᠶᠠᠭᠤᠮ᠎ᠠ ᠶᠠᠷᠢᠭ᠎ᠠ ᠦᠭᠡᠢ᠃ ᠴᠢ ᠢᠲᠡᠭᠡᠬᠦ ᠦᠭᠡᠢ ᠪᠠᠢᠵᠤ ᠮᠡᠳᠡᠨ᠎ᠡ᠃ ᠭᠡᠲᠡᠯ᠎ᠡ ᠡᠨᠡ ᠪᠣᠯ ᠦᠨᠡᠨ ᠦᠭᠡ᠃ ᠬᠠᠷᠢᠨ ᠴᠢᠨᠦ ᠣᠳᠣᠬᠠᠨ ᠳ᠋ᠤ᠌ ᠨᠢᠭᠤᠵᠤ ᠪᠠᠢᠭ᠎ᠠ ᠲᠠᠨ ᠤ᠋ ᠬᠣᠶᠠᠭᠤᠯᠠ ᠶ᠋ᠢᠨ ᠬᠥᠯ ᠭᠠᠷ ᠨᠡᠢᠯᠡᠭᠰᠡᠨ ᠤᠴᠢᠷ ᠢ᠋ᠶ᠋ᠠᠨ ᠲᠡᠷᠡ ᠪᠢᠳᠡᠨ ᠳ᠋ᠦ᠍ ᠶᠠᠷᠢᠮᠠᠷ ᠪᠠᠢᠭᠰᠠᠨ᠃ ᠦᠨᠡᠨ ᠳ᠋ᠡᠭᠡᠨ ᠪᠢᠳᠡ ᠡᠳᠡᠭᠡᠷ ᠢ᠋ ᠲᠡᠭᠡᠲᠡᠯ᠎ᠡ ᠯᠠᠪᠯᠠᠵᠤ ᠣᠢᠯᠠᠭᠠᠬᠤ ᠰᠠᠨᠠᠭ᠎ᠠ ᠦᠭᠡᠢ᠃ ᠤᠴᠢᠷ ᠨᠢ ᠮᠠᠨ ᠳ᠋ᠤ᠌ ᠳᠡᠮᠡᠢ ᠬᠡᠷᠡᠭᠴᠡᠭᠡ ᠦᠭᠡᠢ᠃ ᠥᠴᠥᠭᠡᠳᠦᠷ ᠡᠦ ᠹᠧᠩ ᠮᠧᠢ ᠨᠥᠬᠥᠷ ᠵᠢᠭᠲᠡᠢ ᠨᠢᠭᠤᠴᠠ ᠭᠡᠵᠦ ᠪᠣᠳᠣᠭᠰᠠᠨ ᠡᠨᠡ ᠬᠦ᠌ ᠶᠠᠪᠤᠳᠠᠯ ᠢ᠋ᠶ᠋ᠠᠨ ᠲᠤᠰᠢᠶᠠᠮᠠᠷ ᠰᠢᠭᠤᠳᠤᠭᠰᠠᠨ ᠳ᠋ᠤ᠌ ᠪᠢᠳᠡ ᠢᠩᠭᠢᠵᠦ ᠬᠡᠯᠡᠭᠰᠡᠨ ᠶᠦᠮ ᠭᠡᠯ᠎ᠡ᠃ 
       ᠪᠣᠯᠤᠷᠴᠠᠭᠠᠨ ᠤ᠋ ᠨᠢᠳᠦ ᠨᠢ ᠲᠣᠭᠲᠠᠨ ᠶᠡᠬᠡ ᠤᠳᠠᠭᠠᠨ ᠳᠤᠭᠤᠢ ᠰᠠᠭᠤᠬᠤ ᠳ᠋ᠤ᠌ ᠨᠢᠭᠤᠷ ᠴᠢᠷᠠᠢ ᠳᠡᠭᠡᠷ᠎ᠡ ᠨᠢ ᠡᠷᠡᠭᠡᠯᠵᠡᠵᠦ ᠲᠠᠲᠠᠭᠠᠯᠵᠠᠭᠰᠠᠨ ᠪᠠᠢᠳᠠᠯ ᠲᠣᠳᠣᠷᠠᠵᠤ ᠪᠠᠢᠪᠠ᠃  ᠡᠨᠡ ᠨᠢ ᠥᠭᠡᠷ᠎ᠡ ᠶᠠᠭᠤᠮᠠᠨ ᠳ᠋ᠤ᠌ ᠪᠢᠰᠢ ᠬᠠᠷᠢᠨ ᠲᠦᠪᠰᠢᠨ ᠭᠤᠸᠠᠢ ᠶ᠋ᠢᠨ ᠬᠡᠯᠡᠭᠰᠡᠨ ᠢ᠋ ᠢᠲᠡᠭᠡᠬᠦ ᠦᠭᠡᠢ ᠳ᠋ᠦ᠍ ᠪᠠᠢᠵᠠᠢ᠃  
       ᠡᠨᠡ ᠳᠠᠷᠤᠭ᠎ᠠ ᠭᠤᠸᠠᠢ ᠪᠢᠳᠡᠨ ᠦ᠌ ᠶᠠᠪᠤᠳᠠᠯ ᠢ᠋ ᠲᠡᠭᠡᠵᠦ ᠯᠡ ᠰᠦᠷᠡᠬᠡᠢ ᠮᠡᠳᠡᠭᠰᠡᠨ ᠪᠣᠯ ᠶᠠᠭᠤ ᠭᠡᠵᠦ ᠨᠠᠳᠠ ᠠ᠋ᠴᠠ ᠡᠭᠦᠨ ᠢ᠋ ᠠᠰᠠᠭᠤᠳᠠᠭ ᠭᠠᠢᠬᠠᠯ ᠪᠣᠢ? ᠪᠢ ᠶᠠᠭᠠᠬᠢᠵᠤ ᠶᠠᠭ ᠦᠭᠡᠢ ᠭᠡᠵᠦ ᠨᠢᠭᠤᠬᠤ ᠪᠢᠯᠡ᠃ ᠪᠣᠳᠣᠬᠤ ᠳ᠋ᠤ᠌ ᠡᠢᠮᠦ ᠦᠢᠯᠡ ᠶ᠋ᠢ ᠥᠩᠭᠡᠷᠡᠭᠡᠭᠰᠡᠨ ᠪᠦᠬᠦᠨ ᠬᠣᠢᠨ᠎ᠠ ᠨᠢ ᠴᠢᠮᠡᠭᠡ ᠦᠭᠡᠢ ᠯᠡ ᠳᠠᠯᠳᠠᠯᠠᠬᠤ ᠪᠠᠢᠯ ᠦᠭᠡᠢ᠃  ᠪᠢ ᠭᠠᠭᠴᠠᠭᠠᠷ ᠢ᠋ᠶ᠋ᠠᠨ ᠢᠩᠭᠢᠵᠦ ᠪᠠᠢᠭ᠎ᠠ ᠪᠢᠰᠢ ᠳᠡ᠂ ᠡᠯᠭᠦᠪᠴᠢ ᠪᠡᠨ ᠲᠠᠲᠠᠬᠤ ᠳ᠋ᠤ᠌ ᠬᠥᠮᠦᠨ ᠳ᠋ᠦ᠍ ᠪᠠᠷᠢᠭᠳᠠᠭ᠎ᠠ ᠦᠭᠡᠢ ᠴᠠᠭ ᠲᠤ᠌ ᠠᠪᠤ ᠶ᠋ᠢᠨ ᠬᠦᠦ ᠠᠮᠠ ᠠᠯᠳᠠᠬᠤ ᠦᠭᠡᠢ ᠭᠡᠵᠦ ᠵᠣᠷᠢᠭ ᠰᠢᠭᠤᠳᠴᠤ ᠪᠠᠢᠪᠠ᠃ ᠬᠠᠤᠯᠢ ᠶ᠋ᠢᠨ ᠳᠠᠷᠤᠭ᠎ᠠ ᠡᠦ ᠹᠧᠩ ᠮᠧᠢ ᠶ᠋ᠢ ᠲᠤᠰᠢᠶᠠᠮᠠᠷ ᠪᠠᠢᠭᠰᠠᠨ ᠭᠡᠳᠡᠭ ᠨᠢ ᠤᠷᠠᠬ᠎ᠠ ᠭᠣᠬ᠎ᠠ ᠲᠠᠯᠪᠢᠵᠤ ᠨᠠᠮ᠎ᠠ ᠶᠢ ᠬᠡᠯᠡᠭᠦᠯᠬᠦ ᠭᠡᠰᠡᠨ ᠵᠠᠯᠢ ᠪᠠᠢᠬ᠎ᠠ᠃ ᠡᠨᠡᠬᠡᠨ ᠮᠡᠬᠡ ᠪᠡᠷ ᠬᠡᠦᠬᠡᠳ ᠬᠠᠭᠤᠷᠬᠤ ᠠ᠋ᠴᠠ ᠯᠠ ᠪᠢᠰᠢ᠂ ᠴᠠᠭᠠᠰᠢ ᠪᠠᠨ᠃ ᠥᠨᠥ ᠮᠠᠷᠭᠠᠰᠢ ᠦᠭᠡᠢ ᠠᠯᠠᠭᠳᠠᠪᠠᠴᠤ ᠬᠥᠮᠦᠨ ᠦ᠌ ᠡᠯᠡᠭ᠂ ᠨᠣᠬᠠᠢ ᠶ᠋ᠢᠨ ᠪᠠᠯᠠᠭ ᠪᠣᠯᠤᠭᠰᠠᠨ ᠰᠢᠪᠠᠷᠳᠠᠯ ᠢ᠋ᠶ᠋ᠠᠨ ᠲᠤᠰᠢᠶᠠᠵᠤ ᠡᠦ ᠹᠧᠩ ᠮᠧᠢ ᠶ᠋ᠢᠨ ᠢ᠋ᠶ᠋ᠡᠨ ᠨᠡᠷ᠎ᠡ ᠨᠢᠭᠤᠷ ᠢ᠋ ᠪᠠᠷᠠᠬᠤ ᠪᠠᠨ ᠪᠠᠢᠶ᠎ᠠ᠃  ᠡᠦ ᠹᠧᠩ ᠮᠧᠢ ᠳ᠋ᠦ᠍ ᠪᠣᠯ ᠡᠷ᠎ᠡ ᠠᠪᠴᠤ ᠬᠣᠨᠣᠳᠠᠭ ᠭᠡᠨ᠎ᠡ ᠭᠡᠬᠦ ᠡᠮᠡᠰ ᠥᠬᠢᠳ ᠦ᠋ᠨ ᠳᠡᠯ ᠰᠤᠯᠠ ᠶᠠᠷᠢᠶ᠎ᠠ ᠭᠠᠷᠬᠤ ᠠ᠋ᠴᠠ ᠴᠢᠨᠠᠭᠰᠢ ᠶᠠᠭᠤᠮ᠎ᠠ ᠪᠣᠯᠬᠤ ᠦᠭᠡᠢ᠃ ᠬᠡᠯᠡᠭᠡᠳ ᠭᠠᠷᠭᠠᠭᠰᠠᠭᠠᠷ ᠡᠨᠡ ᠮᠡᠲᠦ ᠵᠠᠳᠠᠷᠠᠭᠰᠠᠨ ᠡᠮ᠎ᠡ ᠯᠡ ᠦᠵᠡᠰᠬᠦᠯᠡᠩ ᠦ᠋ᠨ ᠠᠮᠢ ᠶ᠋ᠢ ᠬᠣᠷᠣᠭᠠᠯ᠎ᠠ ᠭᠡᠵᠦ ᠮᠢᠨᠳᠠᠭ ᠳᠤᠬᠤᠴᠢᠬᠠᠬᠤ ᠮᠠᠭᠠᠳ ᠦᠭᠡᠢ ᠰᠢᠦ᠃  ᠨᠢᠭᠡᠨᠲᠡ ᠡᠴᠢᠨᠡᠭᠡᠨ ᠳᠠᠷᠤᠭᠰᠠᠨ ᠬᠡᠷᠡᠭ ᠶᠦᠮ ᠴᠢᠨᠢ ᠣᠳᠣ ᠶᠠᠭᠤ ᠪᠠᠨ ᠭᠡᠵᠦ ᠲᠤᠰᠢᠶᠠᠬᠤ ᠪᠣᠢ ᠭᠡᠵᠦ ᠪᠠᠰᠠ ᠨᠢᠭᠡ ᠤᠳᠠᠭ᠎ᠠ ᠴᠢᠩᠭ᠎ᠠ ᠪᠣᠳᠣᠯ᠎ᠠ᠃ ᠭᠡᠲᠡᠯ᠎ᠡ ᠢᠩᠭᠢᠵᠦ ᠤᠯᠠᠢᠮ᠎ᠠ ᠴᠠᠢᠮ᠎ᠠ ᠲᠤᠯᠭᠠᠴᠢᠬᠠᠭᠠᠳ ᠪᠠᠰᠠ ᠭᠣᠣᠯ ᠣᠢᠯᠠᠭᠠᠬᠤ ᠨᠢ ᠡᠨᠡ ᠪᠢᠰᠢ ᠭᠡᠬᠦ ᠶ᠋ᠢ ᠨᠢ ᠰᠡᠵᠢᠭᠯᠡᠵᠦ ᠦᠵᠦᠭᠦᠷ ᠰᠡᠵᠢᠭᠦᠷ ᠣᠯᠬᠤ ᠭᠡᠰᠡᠨ ᠪᠣᠳᠣᠯ ᠣᠷᠣᠬᠤ ᠳᠤ ᠪᠠᠨ ᠪᠣᠯᠤᠷᠴᠠᠭᠠᠨ᠄ 
       — ᠡᠢᠮᠦ ᠪᠣᠯ ᠴᠣᠬᠣᠮ ᠶᠠᠮᠠᠷ ᠶᠠᠭᠤᠮ᠎ᠠ ᠣᠢᠯᠠᠭᠠᠬᠤ ᠪᠣᠢ? ᠭᠡᠵᠦ ᠠᠵᠢᠭ ᠦᠭᠡᠢ ᠠᠰᠠᠭᠤᠯ᠎ᠠ᠃ 
       — ᠪᠢᠳᠡᠨ ᠦ᠌ ᠪᠠᠢᠴᠠᠭᠠᠯᠲᠠ ᠪᠠᠷ ᠲᠠᠨ ᠤ᠋ ᠬᠣᠶᠠᠭᠤᠯᠠ ᠶ᠋ᠢᠨ ᠲᠥᠪ ᠪᠤᠰᠤ ᠬᠠᠷᠢᠴᠠᠭ᠎ᠠ ᠶ᠋ᠢ ᠠᠯᠢ ᠡᠷᠲᠡ ᠨᠢᠭᠡ ᠬᠥᠮᠦᠨ ᠪᠠᠷᠢᠵᠤ ᠠᠪᠴᠠᠢ᠃ ᠪᠢᠳᠡᠨ ᠦ᠌ ᠣᠢᠯᠠᠭᠠᠬᠤ ᠭᠡᠵᠦ ᠪᠠᠢᠭ᠎ᠠ ᠪᠣᠯ ᠳᠠᠷᠤᠢ ᠡᠨᠡ ᠬᠥᠮᠦᠨ ᠦ᠌ ᠶᠡᠷᠦᠩᠬᠡᠢ ᠪᠠᠢᠳᠠᠯ ᠪᠣᠯᠤᠨ ᠲᠠᠨᠤᠰ ᠤ᠋ᠨ ᠬᠣᠭᠣᠷᠣᠨᠳᠣᠬᠢ ᠬᠠᠷᠢᠴᠠᠭ᠎ᠠ ᠬᠣᠯᠪᠣᠭ᠎ᠠ ᠪᠣᠯᠤᠨ᠎ᠠ ᠭᠡᠵᠦ ᠲᠦᠪᠰᠢᠨ ᠭᠤᠸᠠᠢ ᠰᠢᠭᠤᠳᠬᠠᠨ ᠬᠠᠷᠢᠭᠤᠯᠪᠠ᠃ 
       ᠡᠨᠡ ᠠᠰᠠᠭᠤᠯᠲᠠ ᠪᠣᠯᠤᠷᠴᠠᠭᠠᠨ ᠢ᠋ ᠠᠷᠭ᠎ᠠ ᠦᠭᠡᠢ ᠪᠠᠯᠠᠭ ᠠᠯᠳᠠᠭᠤᠯᠪᠠ᠃  ᠲᠡᠷᠡ ᠳᠣᠲᠣᠷ᠎ᠠ ᠪᠠᠨ ᠬᠠᠤᠯᠢ ᠶ᠋ᠢᠨ ᠳᠠᠷᠤᠭ᠎ᠠ ᠮᠡᠬᠡ ᠪᠡᠷ ᠢ᠋ᠶ᠋ᠡᠨ ᠨᠠᠮ᠎ᠠ ᠶᠢ ᠭᠣᠬᠠᠳᠠᠵᠤ ᠪᠠᠢᠨ᠎ᠠ ᠭᠡᠵᠦ ᠪᠣᠳᠣᠭᠰᠠᠨ ᠢ᠋ᠶ᠋ᠠᠨ ᠪᠤᠷᠤᠭᠤᠳᠤᠭᠰᠠᠨ ᠢ᠋ ᠮᠡᠳᠡᠪᠡ᠃  ᠭᠱᠡᠨ ᠵᠠᠭᠤᠷ᠎ᠠ ᠲᠡᠷᠡ ᠶᠠᠭᠤ ᠬᠡᠯᠡᠬᠦ ᠪᠡᠨ ᠣᠯᠵᠤ ᠶᠠᠳᠠᠬᠤ ᠳ᠋ᠤ᠌ ᠨᠢᠭᠤᠷ ᠴᠢᠷᠠᠢ ᠨᠢ ᠥᠪᠡᠷ ᠦ᠋ᠨ ᠡᠷᠬᠡ ᠦᠭᠡᠢ ᠬᠤᠵᠢᠢᠨ ᠴᠠᠢᠷᠠᠵᠤ ᠪᠠᠴᠢᠮᠳᠠᠵᠤ ᠰᠠᠨᠳᠤᠷᠴᠤ ᠪᠠᠢᠬᠤ ᠨᠢ ᠢᠯᠡᠬᠡᠨ ᠪᠠᠢᠯ᠎ᠠ᠃ 
       ᠪᠣᠯᠤᠷᠴᠠᠭᠠᠨ ᠡᠮᠴᠢ ᠣᠯᠠᠨ ᠤ᠋ ᠳᠤᠮᠳᠠ ᠭᠣᠣᠯᠴᠢ ᠰᠢᠳᠤᠷᠭᠤ ᠮᠥᠷᠲᠡᠭᠡᠨ ᠬᠡᠪ ᠢ᠋ᠶ᠋ᠡᠨ ᠰᠠᠬᠢᠭᠰᠠᠨ ᠬᠥᠮᠦᠨ ᠭᠡᠰᠡᠨ ᠦᠨᠡᠯᠡᠯᠲᠡ ᠲᠡᠢ ᠶᠠᠪᠤᠵᠤ ᠢᠷᠡᠵᠡᠢ᠃  ᠠᠷᠪᠠᠭᠠᠳ ᠵᠢᠯ ᠦ᠋ᠨ ᠠᠵᠢᠯ ᠠᠮᠢᠳᠤᠷᠠᠯ ᠤ᠋ᠨ ᠶᠠᠪᠤᠴᠠ ᠳ᠋ᠠᠬᠢ ᠪᠠᠢᠳᠠᠯ ᠠ᠋ᠴᠠ ᠨᠢ ᠬᠡᠯᠡᠪᠡᠯ ᠠᠭᠠᠰᠢ ᠠᠪᠤᠷᠢ ᠨᠢ ᠲᠦᠷᠭᠡᠨ ᠰᠢᠭ ᠢ᠋ ᠭᠠᠷᠭᠠᠪᠠᠯ ᠬᠦᠷᠦᠯᠴᠡᠬᠦ ᠦᠭᠡᠢ ᠲᠠᠯ᠎ᠠ ᠭᠡᠮᠡᠷ ᠭᠠᠵᠠᠷ ᠠᠯᠠᠭ᠎ᠠ᠃  ᠨᠡᠩ ᠴᠦ᠍ ᠡᠯᠡᠭ ᠢᠴᠢᠭᠦᠷᠢ ᠪᠣᠯᠤᠮ᠎ᠠ ᠡᠮ᠎ᠡ ᠶ᠋ᠢᠨ ᠬᠡᠷᠡᠭ ᠲᠦ᠍ ᠰᠢᠪᠠᠷᠳᠠᠬᠤ ᠶ᠋ᠢ ᠬᠡᠨ ᠴᠦ᠍ ᠪᠣᠳᠣᠵᠤ ᠣᠯᠤᠭᠰᠠᠨ ᠦᠭᠡᠢ᠃  
       ᠡᠦ ᠹᠧᠩ ᠮᠧᠢ ᠲᠡᠢ ᠨᠠᠯᠢᠭ ᠰᠠᠢᠨ ᠪᠣᠯᠵᠤ᠂ ᠢᠩᠭᠢᠯ᠎ᠡ ᠴᠢᠩᠭᠢᠯ᠎ᠡ ᠭᠡᠰᠡᠨ ᠬᠡᠯᠡᠯᠭᠡ ᠬᠣᠷᠬᠢᠶᠠᠨ ᠪᠣᠢ ᠪᠣᠯᠤᠭᠰᠠᠨ ᠨᠢ ᠪᠦᠷ ᠴᠦ᠍ ᠬᠣᠵᠢᠮ ᠤ᠋ᠨ ᠶᠠᠪᠤᠳᠠᠯ ᠶᠤᠮ᠃  
       ᠲᠡᠷᠡ ᠵᠢᠯ ᠡᠦ ᠹᠧᠩ ᠮᠧᠢ ᠡᠮ ᠦ᠋ᠨ ᠡᠨᠳᠡᠯ ᠢ᠋ᠶ᠋ᠡᠷ ᠬᠠᠷᠢᠭᠤᠴᠠᠯᠭ᠎ᠠ ᠡᠭᠦᠷᠦᠮᠡᠷ ᠪᠣᠯᠬᠤ ᠳ᠋ᠤ᠌᠂ ᠪᠣᠯᠤᠷᠴᠠᠭᠠᠨ ᠪᠦᠬᠦ ᠴᠢᠳᠠᠯ ᠢ᠋ᠶ᠋ᠠᠨ ᠭᠠᠷᠭᠠᠵᠤ ᠲᠡᠷᠡ ᠡᠪᠡᠳᠴᠢᠲᠡᠨ ᠢ᠋ ᠠᠪᠤᠷᠠᠭᠰᠠᠨ ᠨᠢ ᠪᠦᠷ ᠴᠦ᠍ ᠡᠮᠨᠡᠯᠭᠡ ᠶ᠋ᠢᠨ ᠠᠵᠢᠯᠲᠠᠨ ᠤ᠋ ᠡᠷᠬᠢᠮ ᠳᠡᠭᠡᠳᠦ ᠵᠠᠩ ᠰᠤᠷᠲᠠᠯ᠂ ᠲᠦᠯᠬᠢᠵᠦ ᠪᠣᠯᠣᠰᠢ ᠦᠭᠡᠢ ᠡᠭᠦᠷᠭᠡ ᠬᠠᠷᠢᠭᠤᠴᠠᠯᠭ᠎ᠠ ᠠ᠋ᠴᠠ ᠪᠣᠯᠵᠤ ᠪᠢᠯᠡ᠃  
       ᠲᠡᠷᠡ ᠡᠦ ᠹᠧᠩ ᠮᠧᠢ ᠶ᠋ᠢᠨ ᠡᠨᠳᠡᠯ ᠢ᠋ ᠲᠡᠭᠡᠵᠦ ᠰᠡᠮᠡᠬᠡᠷ ᠳᠠᠷᠤᠭᠰᠠᠨ ᠠ᠋ᠴᠠ ᠡᠨᠡ ᠬᠡᠷᠡᠭ ᠶᠡᠬᠡ ᠠᠮᠠᠷᠬᠠᠨ ᠰᠢᠢᠳᠪᠦᠷᠢᠯᠡᠭᠳᠡᠵᠦ ᠥᠩᠭᠡᠷᠡᠵᠡᠢ᠃ ᠲᠡᠷᠡ ᠦᠶ᠎ᠡ ᠳ᠋ᠦ᠍ ᠪᠣᠯᠤᠷᠴᠠᠭᠠᠨ ᠳ᠋ᠤ᠌ ᠡᠭᠦᠨ ᠢ᠋ᠶ᠋ᠡᠷ ᠳᠠᠯᠢᠮᠳᠠᠭᠤᠯᠤᠨ ᠶᠠᠮᠠᠷ ᠨᠢᠭᠡᠨ ᠬᠦᠰᠡᠯ ᠰᠢᠨᠤᠯ ᠢ᠋ᠶ᠋ᠠᠨ ᠬᠠᠩᠭᠠᠶ᠎ᠠ ᠭᠡᠰᠡᠨ ᠬᠣᠪᠢᠨ ᠤ᠋ ᠵᠣᠷᠢᠯᠭ᠎ᠠ ᠪᠠᠢᠭ᠎ᠠ ᠦᠭᠡᠢ᠃ ᠶᠠᠳᠠᠬᠤ ᠳ᠋ᠤ᠌ ᠡᠢᠮᠦ ᠪᠣᠳᠣᠯ ᠴᠦ᠍ ᠣᠷᠣᠭ᠎ᠠ ᠦᠭᠡᠢ᠃ ᠠᠮᠠᠷᠬᠠᠨ ᠤᠶᠠᠷᠠᠳᠠᠭ ᠵᠥᠭᠡᠯᠡᠨ ᠰᠡᠳᠬᠢᠯ ᠲᠡᠢ ᠡᠦ ᠹᠧᠩ ᠮᠧᠢ ᠡᠨᠡ ᠶᠠᠪᠤᠳᠠᠯ ᠢ᠋ᠶ᠋ᠠᠷ ᠳᠠᠮᠵᠢᠨ ᠪᠣᠯᠤᠷᠴᠠᠭᠠᠨ ᠢ᠋ ᠵᠢᠷᠦᠬᠡᠨ ᠭᠣᠣᠯ ᠠ᠋ᠴᠠ ᠪᠠᠨ ᠪᠢᠰᠢᠷᠡᠵᠦ᠂ ᠰᠡᠳᠬᠢᠯ ᠦ᠋ᠨ ᠤᠭ ᠠ᠋ᠴᠠ ᠪᠠᠨ ᠡᠨᠡᠷᠢᠵᠦ ᠪᠣᠳᠣᠭᠰᠠᠨ ᠨᠢ ᠠᠩᠬᠠᠨ ᠳᠤ ᠪᠠᠨ ᠠᠴᠢ ᠲᠤᠰᠠ ᠶ᠋ᠢ ᠨᠢ ᠬᠠᠷᠢᠭᠤᠯᠠᠬᠤ ᠡᠭᠦᠳᠡᠨ ᠡᠴᠡ ᠪᠠᠢᠭᠰᠠᠨ ᠶᠤᠮ᠃  ᠡᠳᠦᠷ ᠦ᠋ᠨ ᠤᠳᠠᠭᠠᠨ ᠳ᠋ᠤ᠌ ᠦᠨᠡᠨ ᠰᠠᠨᠠᠭᠠᠨ ᠠ᠋ᠴᠠ ᠪᠠᠨ ᠣᠢᠷᠠᠳᠴᠤ ᠶᠠᠪᠤᠯᠴᠠᠵᠤ ᠡᠨᠡᠷᠢᠵᠦ ᠬᠠᠷᠠᠭᠠᠯᠵᠠᠭᠰᠠᠨ ᠡᠦ ᠹᠧᠩ ᠮᠧᠢ ᠶ᠋ᠢᠨ ᠦᠢᠯᠡ ᠠᠵᠢᠯᠯᠠᠭ᠎ᠠ᠂ ᠦᠭᠡ ᠶᠠᠷᠢᠶᠠᠨ ᠳ᠋ᠤ᠌ ᠢᠳᠡᠷ ᠨᠠᠰᠤᠨ ᠤ᠋ ᠪᠣᠯᠤᠷᠴᠠᠭᠠᠨ ᠠᠷᠭ᠎ᠠ ᠦᠭᠡᠢ ᠵᠦᠢᠯ ᠦ᠋ᠨ ᠶᠠᠭᠤᠮ᠎ᠠ ᠪᠣᠳᠣᠬᠤ ᠪᠣᠯᠵᠠᠢ᠃  
       ᠡᠦ ᠹᠧᠩ ᠮᠧᠢ ᠡᠴᠡ ᠵᠢᠰᠦᠷᠬᠡᠭ ᠬᠥᠮᠦᠨ ᠲᠦᠮᠡᠨᠨᠠᠰᠤᠲᠤ ᠬᠣᠲᠠ ᠳ᠋ᠤ᠌ ᠥᠭᠡᠷ᠎ᠡ ᠪᠠᠢᠬᠤ ᠦᠭᠡᠢ ᠰᠢᠭ ᠰᠠᠭᠠᠨᠳᠠᠨ᠎ᠠ᠃ ᠡᠨᠡ ᠬᠥᠮᠦᠨ ᠳ᠋ᠦ᠍ ᠶᠠᠭᠠᠬᠢᠭᠠᠳ ᠤᠷᠠᠯᠢᠭ ᠤ᠋ᠨ ᠲᠠᠢᠰᠠ᠂ ᠦᠵᠡᠭᠳᠡᠯᠲᠦ ᠬᠥᠰᠢᠭᠡᠨ ᠦ᠌ ᠬᠤᠪᠢ ᠲᠣᠬᠢᠶᠠᠯ ᠲᠠᠭᠠᠷᠠᠯᠳᠤᠭ᠎ᠠ ᠦᠭᠡᠢ ᠪᠣᠢ? ᠬᠡᠷᠪᠡ ᠡᠢᠮᠦ ᠬᠤᠪᠢ ᠲᠠᠢ ᠪᠠᠢᠭᠰᠠᠨ ᠪᠣᠯ ᠲᠦᠮᠡᠨ ᠢ᠋ ᠳᠣᠩᠰᠣᠯᠭᠠᠨ ᠳᠠᠶᠠᠭᠠᠷ ᠢ᠋ ᠳᠣᠷᠭᠢᠭᠤᠯᠵᠤ ᠭᠠᠷᠬᠤ ᠪᠠᠢᠭᠰᠠᠨ ᠰᠠᠨ ᠭᠡᠵᠦ ᠪᠣᠳᠣᠬᠤ ᠳᠤ ᠪᠠᠨ ᠨᠠᠢᠭᠤᠮ᠎ᠠ ᠭᠠᠩᠬᠤᠯᠵᠠᠨ ᠭᠠᠳᠠᠭᠰᠢ ᠭᠠᠷᠬᠤ ᠬᠡᠭᠡᠨᠴᠢᠷ ᠭᠣᠶᠣ ᠪᠡᠶ᠎ᠡ ᠶ᠋ᠢ ᠨᠢ ᠬᠠᠷᠠᠨ ᠬᠠᠷᠠᠮᠰᠠᠳᠠᠭ ᠪᠠᠢᠯ᠎ᠠ᠃ ᠰᠠᠢᠨ ᠡᠷ᠎ᠡ ᠰᠠᠢᠬᠠᠨ ᠡᠬᠡᠨᠡᠷ ᠭᠡᠷᠯᠡᠬᠦ ᠦᠭᠡᠢ᠂ ᠰᠢᠭᠠᠷᠤ ᠡᠷ᠎ᠡ ᠰᠠᠷᠠᠨ᠎ᠠ ᠴᠡᠴᠡᠭ ᠢ᠋ ᠪᠠᠵᠠᠬᠤ ᠭᠡᠭᠴᠢ ᠤᠨᠤᠭᠰᠠᠨ ᠦᠭᠡ᠃ ᠪᠣᠯᠤᠷᠴᠠᠭᠠᠨ ᠵᠠᠷᠢᠮ ᠳᠤ ᠪᠠᠨ ᠡᠦ ᠹᠧᠩ ᠮᠧᠢ ᠲᠡᠢ ᠡᠰᠡᠷᠭᠦᠯᠡᠵᠦ ᠰᠠᠭᠤᠭᠠᠳ ᠶᠠᠷᠢᠯᠴᠠᠵᠤ ᠪᠠᠢᠬᠤ ᠳᠤ ᠪᠠᠨ ᠡᠨᠡ ᠶᠠᠭᠠᠬᠢᠭᠠᠳ ᠲᠡᠢᠮᠦ ᠨᠢᠭᠡᠨ ᠰᠦᠤᠭᠡᠷ ᠴᠢᠳᠬᠥᠷ ᠦ᠋ᠨ ᠬᠤᠪᠢ ᠪᠣᠯᠵᠤ ᠰᠦᠢᠳᠬᠡᠭᠳᠡᠭᠰᠡᠨ ᠪᠣᠯ? ᠬᠡᠷᠪᠡ ᠡᠨᠡ᠁ ᠭᠡᠵᠦ ᠪᠣᠳᠣᠬᠤ ᠠ᠋ᠴᠠ ᠨᠢᠭᠤᠷ ᠨᠢ ᠨᠢᠯᠴᠢᠭᠢᠨᠡᠳᠡᠭ᠃  ᠲᠡᠭᠡᠭᠡᠳ ᠳᠣᠷᠣᠭᠰᠢ ᠬᠠᠷᠠᠬᠤ ᠳᠡᠯᠢᠮ ᠳᠦ ᠪᠡᠨ ᠡᠦ ᠹᠧᠩ ᠮᠧᠢ ᠤᠷᠤᠭᠤ ᠬᠤᠯᠠᠭᠠᠢ ᠨᠢᠳᠦ ᠭᠦᠶᠦᠯᠭᠡᠬᠦ ᠳ᠋ᠦ᠍ ᠡᠦ ᠹᠧᠩ ᠮᠧᠢ ᠬᠠᠷᠢᠨ ᠬᠠᠷ᠎ᠠ ᠴᠠᠭᠠᠨ ᠨᠢ ᠢᠯᠭᠠᠷᠠᠭᠰᠠᠨ ᠤᠰᠤ ᠮᠡᠯᠲᠡᠭᠡᠨᠡᠮ᠎ᠡ ᠨᠣᠮᠣᠬᠠᠨ ᠬᠠᠷ᠎ᠠ ᠨᠢᠳᠦ ᠪᠡᠷ ᠢ᠋ᠶ᠋ᠡᠨ ᠤᠴᠢᠷᠲᠠᠢᠬᠠᠨ ᠰᠢᠷᠳᠡᠵᠦ ᠪᠠᠢᠬᠤ ᠬᠠᠷᠠᠭᠳᠠᠳᠠᠭ ᠠᠵᠢ᠃ 
       ᠨᠢᠭᠡ ᠤᠳᠠᠭ᠎ᠠ᠂ ᠡᠦ ᠹᠧᠩ ᠮᠧᠢ ᠵᠣᠷᠯᠠᠭᠰᠠᠨ ᠣᠯᠠᠨ ᠡᠮ ᠢ᠋ ᠬᠤᠪᠢ ᠬᠣᠪᠢᠨ ᠳ᠋ᠤᠨᠢ ᠪᠠᠭᠯᠠᠨ ᠤᠭᠤᠲᠠᠯᠠᠭᠠᠳ ᠭᠤᠩᠬᠠᠯᠵᠠᠲᠠᠯ᠎ᠠ ᠠᠯᠬᠤᠨ ᠬᠦᠷᠴᠦ ᠢᠷᠡᠬᠦ ᠳ᠋ᠦ᠍ ᠪᠣᠯᠤᠷᠴᠠᠭᠠᠨ ᠤ᠋ ᠰᠡᠳᠬᠢᠯ ᠰᠠᠨᠠᠭ᠎ᠠ ᠨᠢ ᠭᠡᠨᠡᠨ ᠴᠣᠬᠢᠯᠭ᠎ᠠ ᠠᠯᠳᠠᠵᠤ᠂ ᠡᠮ ᠢ᠋ᠶ᠋ᠡᠨ ᠲᠣᠰᠴᠤ ᠠᠪᠬᠤᠢᠴᠠ ᠪᠣᠯᠤᠭᠠᠳ ᠵᠥᠭᠡᠯᠡᠨ ᠴᠠᠭᠠᠨ ᠭᠠᠷ ᠢ᠋ ᠨᠢ ᠰᠡᠮᠡᠭᠡᠷᠬᠡᠨ ᠢᠯᠪᠢᠵᠦ ᠠᠪᠤᠭᠠᠳ ᠵᠣᠭᠬᠢᠪᠠ᠃  ᠤᠴᠠᠭᠠᠷ ᠠᠭᠠᠰᠢ ᠭᠠᠷᠭᠠᠬᠤ ᠠ᠋ᠴᠠ ᠪᠣᠯᠭᠣᠮᠵᠢᠯᠠᠨ᠂ ᠨᠢᠭᠤᠷ ᠴᠢᠷᠠᠢ ᠶ᠋ᠢ ᠨᠢ ᠰᠡᠮᠬᠡᠨ ᠬᠠᠷᠠᠬᠤ ᠳ᠋ᠤ᠌ ᠡᠦ ᠹᠧᠩ ᠮᠧᠢ ᠬᠠᠷᠢᠨ ᠤᠶᠠᠬᠠᠨ ᠢᠨᠢᠶᠡᠮᠰᠦᠭᠯᠡᠨ᠂ ᠭᠠᠷ ᠢ᠋ᠶ᠋ᠠᠨ ᠠᠶ᠎ᠠ ᠪᠠᠷ ᠢ᠋ᠶ᠋ᠠᠨ ᠲᠠᠯᠪᠢᠨ ᠲᠡᠭᠦᠨ ᠦ᠌ ᠳᠤᠷ᠎ᠠ ᠪᠠᠷ ᠪᠣᠯᠤᠭᠰᠠᠨ ᠠ᠋ᠴᠠ ᠪᠣᠯᠤᠷᠴᠠᠭᠠᠨ ᠤ᠋ ᠵᠣᠷᠢᠭ ᠰᠥᠰᠥ ᠤᠯᠠᠮ ᠶᠡᠬᠡ ᠪᠣᠯᠵᠤ ᠡᠬᠢᠯᠡᠵᠡᠢ᠃  
       ᠵᠠᠷᠢᠮ ᠳᠤ ᠪᠠᠨ ᠲᠡᠳᠡᠨ ᠦ᠌ ᠰᠥᠨᠢ ᠶ᠋ᠢᠨ ᠡᠭᠡᠯᠵᠢ ᠨᠢ ᠴᠣᠭ ᠳᠠᠭᠠᠷᠠᠳᠠᠭ᠃  ᠰᠥᠨᠢ ᠶ᠋ᠢᠨ ᠵᠢᠵᠢᠭᠦᠷ ᠳᠠᠬᠢ ᠡᠮᠨᠡᠯᠭᠡ ᠶ᠋ᠢᠨ ᠠᠵᠢᠯᠲᠠᠳ ᠤᠨᠲᠠᠵᠤ ᠪᠣᠯᠬᠤ ᠦᠭᠡᠢ ᠭᠡᠰᠡᠨ ᠬᠠᠲᠠᠭᠤ ᠲᠣᠭᠲᠠᠭᠠᠯ ᠲᠠᠢ ᠪᠣᠯᠬᠣᠷ ᠵᠢᠵᠢᠭᠦᠷ ᠡᠮᠴᠢ ᠰᠤᠪᠢᠯᠠᠭᠴᠢ ᠨᠠᠷ ᠲᠦᠷᠦᠭᠦᠦ ᠲᠠᠬᠢᠶᠠᠨ ᠳᠠᠭᠤ ᠪᠠᠷ᠂ ᠦᠦᠷ ᠦ᠋ᠨ ᠡᠮᠦᠨᠡᠬᠢ ᠦᠨᠡᠭᠡᠨ ᠬᠠᠷᠠᠩᠭᠤᠢ ᠳ᠋ᠤ᠌ ᠠᠯᠢᠨ ᠨᠢ ᠴᠦ᠍ ᠨᠣᠢᠷᠮᠤᠭᠯᠠᠵᠤ ᠦᠷᠭᠡᠯᠡᠬᠦ ᠨᠢ ᠤᠯᠠᠮ ᠰᠦᠷᠡᠬᠡᠢ ᠪᠣᠯᠳᠠᠭ᠂ ᠢᠩᠭᠢᠬᠦᠯ᠎ᠡ ᠡᠨᠡ ᠬᠣᠶᠠᠷ ᠠᠷᠭ᠎ᠠ ᠠᠯᠳᠠᠷᠠᠵᠤ᠂ ᠬᠢᠳᠡᠯ ᠦᠭᠡᠢᠳᠡᠬᠦ ᠳᠦ ᠪᠡᠨ ᠨᠢᠭᠡ ᠨᠢᠭᠡ ᠪᠡᠨ ᠡᠷᠢᠵᠦ ᠣᠴᠢᠨ ᠵᠡᠷᠭᠡᠴᠡᠨ ᠰᠠᠭᠤᠭᠠᠳ ᠡᠨᠡ ᠲᠡᠷᠡ ᠶ᠋ᠢ ᠶᠠᠷᠢᠯᠴᠠᠨ ᠨᠣᠢᠷ ᠢ᠋ᠶ᠋ᠠᠨ ᠰᠡᠷᠡᠭᠡᠳᠡᠭ ᠪᠢᠯᠡ᠃  ᠶᠠᠷᠢᠯᠴᠠᠨ ᠶᠠᠷᠢᠯᠴᠠᠭᠰᠠᠭᠠᠷ ᠨᠣᠢᠷ ᠲᠤ ᠪᠠᠨ ᠳᠡᠢᠯᠳᠡᠨ ᠮᠥᠷᠥ ᠮᠥᠷᠥ ᠪᠡᠨ ᠳᠡᠷᠡᠯᠡᠭᠡᠳ ᠠᠪᠬᠤ ᠪᠤᠶᠤ ᠲᠣᠯᠣᠭᠠᠢ ᠲᠣᠯᠣᠭᠠᠢ ᠪᠠᠨ ᠮᠥᠷᠭᠥᠭᠡᠳ ᠠᠪᠬᠤ ᠨᠢ ᠲᠤᠰᠬᠠᠢ ᠰᠠᠨᠠᠭᠠᠨ ᠠ᠋ᠴᠠ ᠪᠠᠨ ᠪᠢᠰᠢ ᠴᠦ᠍ ᠵᠢᠭᠲᠡᠢ ᠯᠡ ᠲᠠᠭᠠᠲᠠᠢ ᠪᠣᠳᠣᠭᠳᠠᠨ᠎ᠠ᠃  
       ᠨᠢᠭᠡᠨ ᠤᠳᠠᠭ᠎ᠠ ᠡᠭᠡᠯᠵᠢ ᠪᠡᠨ ᠲᠤᠰᠢᠶᠠᠭᠠᠳ ᠡᠦ ᠹᠧᠩ ᠮᠧᠢ ᠶ᠋ᠢ ᠪᠠᠢᠷᠢ ᠳ᠋ᠤᠨᠢ ᠬᠦᠷᠭᠡᠬᠦ ᠵᠠᠮ ᠳ᠋ᠤ᠌ ᠪᠣᠯᠤᠷᠴᠠᠭᠠᠨ ᠤ᠋ ᠰᠡᠳᠬᠢᠯ ᠦ᠋ᠨ ᠬᠥᠭᠰᠡᠯ ᠨᠢ ᠲᠡᠰᠦᠰᠢ ᠦᠭᠡᠢ ᠪᠣᠯᠵᠤ᠂ ᠡᠦ ᠹᠧᠩ ᠮᠧᠢ ᠶ᠋ᠢ ᠮᠥᠷᠥ ᠪᠡᠷ ᠨᠢ ᠲᠡᠪᠡᠷᠢᠨ ᠠᠪᠬᠤ ᠳ᠋ᠤ᠌᠂ ᠡᠦ ᠹᠧᠩ ᠮᠧᠢ ᠶ᠋ᠢᠨ ᠰᠠᠨᠠᠭᠠᠨ ᠳ᠋ᠤ᠌ ᠬᠦᠷᠴᠦ ᠠᠶᠠᠲᠠᠢ ᠪᠣᠳᠣᠭᠳᠠᠭᠰᠠᠨ ᠰᠢᠭ᠋ ᠠᠶ᠎ᠠ ᠪᠠᠷ ᠨᠢ ᠪᠣᠯᠤᠭᠰᠠᠨ ᠢ᠋ᠶ᠋ᠠᠷ ᠪᠠᠷᠠᠬᠤ ᠦᠭᠡᠢ ᠲᠣᠯᠣᠭᠠᠢ ᠪᠠᠨ ᠴᠡᠭᠡᠵᠢᠨ ᠳ᠋ᠦ᠍ᠨᠢ ᠣᠢᠷᠠᠲᠤᠭᠤᠯᠪᠠ᠃  ᠢᠩᠭᠢᠵᠦ ᠵᠢᠭᠤᠷᠠᠯᠳᠤᠨ ᠲᠡᠪᠡᠷᠢᠯᠴᠡᠵᠦ ᠨᠡᠯᠢᠶᠡᠳ ᠤᠳᠠᠭᠠᠨ ᠵᠣᠭᠰᠣᠭᠰᠠᠨ ᠪᠣᠯᠪᠠᠴᠤ ᠠᠯᠪᠠ ᠶ᠋ᠢᠨ ᠭᠠᠵᠠᠷ᠂ ᠠᠩᠬ᠎ᠠ ᠤᠳᠠᠭ᠎ᠠ ᠪᠣᠯᠬᠣᠷ ᠪᠠᠷᠤᠭᠲᠠᠢ ᠰᠢᠭ᠋ ᠰᠠᠯᠵᠤ ᠪᠠᠢᠷᠢ ᠪᠠᠢᠷᠢᠨ ᠳᠤ ᠪᠠᠨ ᠪᠤᠴᠠᠵᠠᠭᠠᠵᠠᠢ᠃ 
       ᠬᠠᠷᠢᠨ ᠲᠡᠷᠡ ᠤᠳᠠᠭ᠎ᠠ ᠡᠦ ᠹᠧᠩ ᠮᠧᠢ ᠶᠢᠨ ᠵᠠᠯᠠᠯᠭ᠎ᠠ ᠳ᠋ᠤᠨᠢ ᠨᠢᠭᠤᠷ ᠳᠠᠭᠠᠭᠠᠬᠤ ᠦᠭᠡᠢ ᠢᠷᠡᠭᠰᠡᠨ ᠨᠢ ᠲᠡᠭᠦᠨ ᠳ᠋ᠦ᠍ ᠰᠠᠢᠬᠠᠨ ᠵᠠᠪᠰᠢᠶᠠᠨ ᠪᠣᠯᠵᠠᠢ᠃ ᠪᠠᠷᠢᠭᠰᠠᠨ ᠠᠷᠢᠬᠢᠨ ᠠ᠋ᠴᠠ ᠨᠢ ᠭᠤᠷᠪᠠ ᠳᠥᠷᠪᠡᠨ ᠬᠤᠨᠳᠠᠭ᠎ᠠ ᠶ᠋ᠢ ᠶᠡᠭᠦᠯᠡᠬᠦ ᠳ᠋ᠦ᠍ ᠲᠡᠭᠦᠨ ᠦ᠌ ᠵᠣᠷᠢᠭ ᠵᠢᠷᠦᠬᠡ ᠨᠢ ᠪᠦᠳᠦᠭᠦᠷᠡᠨ᠂ ᠮᠡᠳᠡᠷᠡᠯ ᠨᠢ ᠮᠢᠨᠴᠦᠭᠦᠷᠡᠰᠬᠢᠬᠦ ᠳ᠋ᠦ᠍ ᠴᠠᠭᠠᠳᠤᠬᠢ ᠶ᠋ᠢᠨ ᠢ᠋ᠶ᠋ᠡᠨ ᠬᠦᠵᠦᠭᠦᠦ ᠪᠡᠷ ᠴᠢᠩᠭ᠎ᠠ ᠭᠡᠭᠴᠢ ᠲᠡᠪᠡᠷᠢᠨ ᠠᠪᠴᠤ ᠦᠨᠦᠰᠦᠭᠰᠡᠨ ᠴᠢᠨᠢ ᠶᠠᠪᠤᠳᠠᠯ ᠪᠢᠰᠢ ᠪᠣᠯᠵᠠᠢ᠃  ᠰᠤᠯᠠᠬᠠᠨ ᠲᠠᠯᠪᠢᠵᠤ ᠥᠭᠭᠦᠭᠰᠡᠨ ᠭᠣᠢᠳᠠ ᠪᠡᠶ᠎ᠡ ᠶ᠋ᠢ ᠨᠢ ᠰᠠᠨᠠᠭ᠎ᠠ ᠪᠠᠷ ᠨᠢ ᠢᠯᠪᠢᠵᠦ ᠲᠡᠪᠡᠷᠢᠬᠦ ᠳᠦ ᠪᠡᠨ ᠡᠨᠡ ᠡᠷ᠎ᠡ ᠲᠠᠴᠢᠶᠠᠯ ᠰᠢᠨᠤᠯ ᠳᠤ ᠪᠠᠨ ᠲᠡᠰᠬᠦ ᠠᠯᠲᠠᠨ᠂ ᠤᠷᠤᠭᠤᠯ ᠳ᠋ᠤᠨᠢ ᠨᠠᠭᠠᠭᠰᠠᠨ ᠤᠷᠤᠭᠤᠯ ᠢ᠋ᠶ᠋ᠠᠨ ᠰᠢᠯᠵᠢᠭᠦᠯᠦᠨ ᠴᠢᠬᠢᠨ ᠳ᠋ᠦ᠍ᠨᠢ ᠲᠤᠯᠭᠠᠨ ᠬᠦᠰᠡᠯ ᠢ᠋ᠶ᠋ᠡᠨ ᠬᠡᠯᠡᠵᠡᠢ᠃ ᠢᠩᠭᠢᠬᠦ ᠳ᠋ᠦ᠍ᠨᠢ ᠡᠦ ᠹᠧᠩ ᠮᠧᠢ ᠲᠡᠭᠦᠨ ᠢ᠋ ᠨᠢᠭᠡ ᠦᠨᠦᠰᠴᠦ ᠠᠪᠤᠭᠠᠳ᠄
       — ᠪᠢ ᠴᠦ᠍ ᠶᠠᠭᠤ ᠪᠠᠢᠬᠤ ᠪᠣᠢ᠃ ᠥᠨᠥ ᠮᠠᠷᠭᠠᠰᠢ ᠤᠷᠤᠭ ᠰᠠᠯᠬᠤ ᠯᠠ ᠬᠥᠮᠦᠨ᠃ ᠬᠠᠷᠢᠨ ᠴᠢ ᠯᠡ ᠪᠡᠶ᠎ᠡ ᠪᠡᠨ ᠰᠦᠢᠳᠬᠡᠨ ᠨᠡᠷ᠎ᠡ ᠪᠡᠨ ᠪᠠᠷᠠᠵᠤ᠂ ᠡᠮ᠎ᠡ ᠳᠦ ᠪᠡᠨ ᠣᠰᠣᠯᠳᠠᠬᠤ ᠪᠠᠢᠬᠤ᠃ ᠲᠡᠭᠡᠭᠡᠳ ᠪᠠᠰᠠ ᠬᠣᠵᠢᠮ ᠮᠠᠭᠤ ᠨᠡᠷ᠎ᠡ ᠨᠢ ᠮᠢᠨᠦ ᠲᠣᠯᠣᠭᠠᠢ ᠳ᠋ᠤ᠌ ᠴᠦ᠍ ᠵᠡᠭᠦᠭᠳᠡᠬᠦ ᠪᠠᠢᠯ ᠦᠭᠡᠢ ᠭᠡᠵᠦ ᠤᠬᠢᠯᠠᠵᠤ ᠪᠠᠢᠬᠤ ᠡᠰᠡᠬᠦ ᠶ᠋ᠢᠨ ᠠᠯᠢ ᠨᠢ ᠴᠦ᠍ ᠮᠡᠳᠡᠭᠳᠡᠬᠦ ᠦᠭᠡᠢ ᠳᠠᠭᠤᠨ ᠢ᠋ᠶ᠋ᠠᠷ ᠬᠡᠯᠡᠵᠡᠢ᠃  
       ᠪᠣᠯᠤᠷᠴᠠᠭᠠᠨ ᠡᠨᠡ ᠬᠦ᠌ ᠴᠠᠭᠠᠲᠠᠢ ᠨᠠᠭᠠᠲᠠᠢ ᠨᠢ ᠭᠡᠷᠡᠯᠲᠦᠮ᠎ᠡ ᠢᠳᠬᠠᠭᠰᠠᠨ ᠬᠡᠳᠦᠨ ᠦᠭᠡ ᠳ᠋ᠦ᠍ ᠬᠣᠷᠢᠭᠳᠠᠭᠰᠠᠨ ᠦᠭᠡᠢ ᠪᠠᠢᠪᠠ᠃ ᠢᠩᠭᠢᠭᠡᠳ ᠯᠡ ᠡᠨᠡ ᠶᠠᠪᠤᠳᠠᠯ ᠠᠯᠢ ᠠᠯᠢᠨ ᠳ᠋ᠠᠭᠠᠨ ᠶᠡᠬᠡ ᠬᠠᠩᠭᠠᠮᠵᠢ ᠲᠠᠢ ᠳᠠᠭᠤᠰᠤᠭᠰᠠᠨ ᠤ᠋ ᠡᠴᠦᠰ ᠲᠦ᠍ ᠲᠣᠯᠣᠭᠠᠢ ᠮᠥᠷᠦᠨ ᠳᠡᠭᠡᠷ᠎ᠡ ᠲᠣᠬᠣᠭᠳᠠᠵᠤ ᠪᠠᠢᠭᠰᠠᠨ ᠦᠶ᠎ᠡ ᠳ᠋ᠦ᠍ ᠬᠡᠨ ᠨᠢ ᠴᠦ᠍ ᠨᠢᠭᠤᠴᠠ ᠶ᠋ᠢ ᠵᠠᠳᠠᠷᠠᠭᠤᠯᠬᠤ ᠦᠭᠡᠢ ᠭᠡᠵᠦ ᠲᠠᠩᠭᠠᠷᠢᠭᠯᠠᠵᠠᠢ᠃  
       ᠡᠢᠮᠦ ᠬᠡᠷᠡᠭ ᠡᠬᠢᠯᠡᠭᠡᠳ ᠯᠡ ᠠᠮᠵᠢᠪᠠᠯ ᠡᠷᠭᠢᠭᠡᠳ ᠠᠮᠠᠷᠬᠠᠨ ᠪᠣᠯᠴᠢᠬᠠᠳᠠᠭ ᠪᠥᠭᠡᠳ ᠤᠯᠠᠮ ᠠ᠋ᠴᠠ ᠤᠯᠠᠮ ᠭᠦᠨ ᠰᠢᠪᠠᠷᠳᠠᠨ ᠬᠥᠯ ᠢ᠋ᠶ᠋ᠡᠨ ᠰᠤᠭᠤᠯᠵᠤ ᠳᠡᠢᠯᠬᠦ ᠦᠭᠡᠢ ᠪᠣᠯᠬᠤ ᠨᠢ ᠴᠦ᠍ ᠠᠶᠠᠨᠳᠠᠭᠠᠨ ᠤ᠋ ᠬᠡᠷᠡᠭ ᠠᠵᠢ᠃ ᠭᠡᠲᠡᠯ᠎ᠡ ᠰᠠᠯᠬᠢ ᠨᠡᠪᠲᠡᠷᠡᠬᠦ ᠦᠭᠡᠢ ᠬᠡᠷᠡᠮ ᠦᠭᠡᠢ ᠭᠡᠭᠴᠢ ᠦᠨᠡᠨ ᠶᠠᠭᠤᠮ᠎ᠠ ᠪᠠᠢᠨ᠎ᠠ᠃ ᠭᠡᠨᠡᠳᠲᠡ ᠲᠡᠢᠮᠦ ᠨᠢᠭᠡ ᠬᠥᠮᠦᠨ ᠡᠨᠡ ᠬᠣᠶᠠᠷ ᠢ᠋ ᠭᠠᠯ ᠬᠥᠭ ᠳᠡᠭᠡᠷ᠎ᠡ ᠪᠡᠨ ᠪᠠᠢᠬᠤ ᠳ᠋ᠤᠨᠢ ᠪᠠᠷᠢᠭᠠᠳ ᠠᠪᠤᠭᠰᠠᠨ ᠨᠢ ᠡᠳᠡᠨ ᠢ᠋ ᠳᠠᠩᠴᠤ ᠬᠡᠴᠡᠭᠦᠦ ᠰᠠᠨᠳᠤᠷᠭᠠᠨ ᠰᠣᠴᠢᠭᠠᠵᠠᠢ᠃  
       ᠤᠳᠠᠭᠰᠠᠨ ᠦᠭᠡᠢ ᠦᠵᠡᠰᠬᠦᠯᠡᠩ ᠴᠦ᠍ ᠡᠮᠡᠭᠲᠡᠢ ᠬᠥᠮᠦᠨ ᠦ᠌ ᠭᠢᠷᠠᠬᠠᠢ ᠪᠠᠷ ᠢ᠋ᠶ᠋ᠠᠨ ᠠᠵᠢᠨ ᠮᠡᠳᠡᠵᠦ᠂ ᠦᠨᠡᠨ ᠰᠠᠨᠠᠭᠠᠨ ᠤ᠋ ᠪᠠᠨ ᠴᠠᠭᠠᠨ᠎ᠠ ᠠ᠋ᠴᠠ ᠡᠷ᠎ᠡ ᠨᠥᠬᠥᠷ ᠢ᠋ᠶ᠋ᠡᠨ ᠢᠳᠬᠠᠭᠰᠠᠨ ᠪᠠᠢᠯ᠎ᠠ᠃ ᠣᠳᠣ ᠴᠦ᠍ ᠦᠵᠡᠰᠬᠦᠯᠡᠩ ᠤᠷᠲᠤ ᠬᠤᠭᠤᠴᠠᠭ᠎ᠠ ᠳᠠᠷᠤᠭᠳᠠᠭᠰᠠᠨ ᠬᠠᠷ᠎ᠠ ᠴᠠᠭᠠᠨ ᠳᠠᠩᠰᠠ ᠶ᠋ᠢ ᠨᠢᠭᠡ ᠯᠡ ᠳᠡᠭᠡᠷ᠎ᠡ ᠪᠣᠳᠣᠬᠤ ᠪᠣᠢ ᠭᠡᠵᠦ ᠪᠣᠳᠣᠨᠰᠠᠨ ᠨᠢ ᠪᠤᠷᠤᠭᠤ ᠪᠣᠯᠵᠠᠢ᠃ ᠬᠡᠨ ᠨᠢ ᠴᠦ᠍ ᠪᠣᠯᠤᠷᠴᠠᠭᠠᠨ ᠳ᠋ᠤ᠌ ᠵᠢᠭᠠᠬᠠᠨ ᠴᠦ᠍ ᠬᠣᠣᠷ ᠬᠢᠭᠡ ᠦᠭᠡᠢ᠂ ᠬᠡᠷᠡᠭ ᠶᠠᠪᠤᠳᠠᠯ ᠠᠶᠠᠨᠳᠠᠭᠠᠨ ᠨᠠᠮᠬᠠᠷᠠᠵᠠᠢ᠃  
       ᠲᠡᠭᠡᠭᠡᠳ ᠪᠣᠯᠤᠷᠴᠠᠭᠠᠨ ᠡᠨᠡ ᠲᠤᠬᠠᠢ ᠳᠠᠬᠢᠨ ᠰᠢᠲᠦᠨ ᠦ᠌ ᠪᠡᠨ ᠵᠠᠪᠰᠠᠷ ᠢ᠋ᠶ᠋ᠠᠷ ᠭᠠᠷᠭᠠᠭᠠᠳᠤᠢ ᠪᠢᠯᠡ᠃ ᠨᠡᠩ ᠡᠢᠮᠦ ᠠᠮᠢ ᠨᠠᠰᠤᠨ ᠳ᠋ᠤ᠌ ᠬᠣᠯᠪᠣᠭᠳᠠᠭᠰᠠᠨ ᠣᠷᠴᠢᠨ ᠠᠬᠤᠢ ᠳ᠋ᠤ᠌ ᠡᠭᠦᠨ ᠢ᠋ ᠶᠠᠭᠠᠬᠢᠨ ᠳᠤᠷᠠᠳᠴᠤ ᠪᠣᠯᠬᠤ ᠪᠢᠯᠡ᠃ 
       ᠭᠡᠲᠡᠯ᠎ᠡ ᠥᠨᠥᠳᠥᠷ ᠡᠨᠡ ᠰᠢᠷ᠎ᠠ ᠴᠢᠷᠠᠢᠲᠤ ᠬᠠᠤᠯᠢ ᠶ᠋ᠢᠨ ᠳᠠᠷᠤᠭ᠎ᠠ ᠡᠢᠮᠦ ᠨᠠᠷᠢᠨ ᠣᠢᠯᠠᠭᠠᠭᠰᠠᠨ ᠤ᠋ ᠳᠡᠭᠡᠷ᠎ᠡ ᠢᠩᠭᠢᠵᠦ ᠲᠤᠯᠭᠠᠨ ᠠᠰᠠᠭᠤᠬᠤ ᠳ᠋ᠤ᠌ ᠶᠠᠭᠤ ᠪᠠᠨ ᠬᠡᠯᠡᠳᠡᠭ ᠪᠢᠯᠡ᠃ ᠥᠭᠡᠷ᠎ᠡ ᠬᠥᠮᠦᠨ ᠳ᠋ᠦ᠍ ᠪᠣᠯ ᠮᠠᠯᠵᠢᠵᠤ ᠪᠣᠯᠤᠨ᠎ᠠ᠃ ᠡᠬᠡᠨᠡᠷ ᠢ᠋ ᠪᠡᠨ ᠪᠣᠯ ᠬᠠᠭᠤᠷᠴᠤ ᠪᠣᠯᠤᠨ᠎ᠠ᠃ ᠭᠡᠲᠡᠯ᠎ᠡ ᠬᠠᠤᠯᠢ ᠶ᠋ᠢᠨ ᠴᠠᠭᠠᠲᠠᠢ ᠬᠡᠨ ᠭᠠᠷᠴᠤ ᠴᠢᠳᠠᠨ᠎ᠠ ᠳᠠ᠃ ᠶᠠᠭᠤ ᠴᠦ᠍ ᠪᠣᠯᠤᠭᠰᠠᠨ ᠲᠤᠷᠰᠢᠵᠤ ᠪᠠᠢᠭᠠᠳ ᠮᠡᠳᠡᠶ᠎ᠡ ᠭᠡᠵᠦ ᠰᠢᠢᠳᠦᠭᠡᠳ᠄ 
       — ᠲᠢᠩᠬᠢᠮ ᠦ᠋ᠨ ᠳᠠᠷᠤᠭ᠎ᠠ ᠠ᠋᠂ ᠪᠢᠳᠡᠨ ᠦ᠌ ᠬᠡᠷᠡᠭ ᠢ᠋ ᠬᠡᠨ ᠪᠠᠷᠢᠭᠰᠠᠨ ᠢ᠋ ᠪᠢ ᠴᠦ᠍ ᠮᠡᠳᠡᠬᠦ ᠦᠭᠡᠢ ᠪᠠᠢᠨ᠎ᠠ ᠭᠡᠪᠡ᠃ 
       — ᠴᠢ ᠲᠡᠷᠡ ᠬᠥᠮᠦᠨ ᠢ᠋ ᠲᠠᠨᠢᠬᠤ ᠦᠭᠡᠢ ᠪᠠᠢᠵᠤ ᠮᠡᠳᠡᠨ᠎ᠡ᠃ ᠭᠡᠲᠡᠯ᠎ᠡ ᠲᠠᠨ ᠤ᠋ ᠬᠣᠶᠠᠷ ᠤ᠋ᠨ ᠬᠡᠷᠡᠭ ᠪᠤᠰᠤᠳ ᠲᠤ᠌ ᠪᠠᠷᠢᠭᠳᠠᠭᠰᠠᠨ ᠢ᠋ᠶ᠋ᠠᠨ ᠮᠡᠳᠡᠬᠦ ᠦᠭᠡᠢ ᠭᠡᠬᠦ ᠨᠢ ᠴᠢᠨᠦ ᠣᠪᠯᠠᠵᠤ ᠪᠠᠢᠭ᠎ᠠ ᠶᠠᠪᠤᠳᠠᠯ ᠮᠥᠨ᠃  ᠨᠠᠭᠠᠳᠤ ᠵᠠᠬ᠎ᠠ ᠳᠤ ᠪᠠᠨ ᠰᠣᠨᠣᠰᠴᠤ ᠥᠩᠭᠡᠷᠡᠭᠰᠡᠨ ᠪᠠᠢᠬᠤ ᠶᠣᠰᠣᠲᠠᠢ᠃ 
       — ᠪᠢᠳᠡ ᠬᠣᠶᠠᠭᠤᠯᠠ ᠶ᠋ᠢᠨ ᠶᠠᠪᠤᠳᠠᠯ ᠢ᠋ ᠡᠦ ᠹᠧᠩ ᠮᠧᠢ ᠲᠠ ᠨᠠᠷ ᠲᠤ᠌ ᠬᠡᠯᠡᠭᠰᠡᠨ ᠦᠭᠡᠢ ᠭᠡᠵᠢ ᠤᠤ?
       — ᠦᠭᠡᠢ᠂ ᠪᠢ ᠳᠡᠭᠡᠷ᠎ᠡ ᠨᠢᠭᠡᠨᠲᠡ ᠬᠡᠯᠡᠭᠰᠡᠨ ᠰᠢᠲᠠ᠃ ᠲᠡᠷᠡ ᠶᠠᠭᠤ ᠴᠦ᠍ ᠬᠡᠯᠡᠭᠡ ᠦᠭᠡᠢ᠃ 
       — ᠲᠢᠩᠬᠢᠮ ᠦ᠋ᠨ ᠳᠠᠷᠤᠭ᠎ᠠ ᠠ᠋ ᠂ ᠪᠢ ᠦᠨᠡᠬᠡᠷ ᠲᠡᠷᠡ ᠬᠥᠮᠦᠨ ᠢ᠋ ᠲᠠᠨᠢᠬᠤ ᠦᠭᠡᠢ᠃ ᠭᠡᠪᠡᠴᠦ ᠪᠢᠳᠡᠨ ᠦ᠌ ᠶᠠᠪᠤᠳᠠᠯ ᠨᠢᠭᠡᠨᠲᠡ ᠯᠡᠪᠡᠷᠡᠭᠰᠡᠨ ᠢ᠋ ᠮᠡᠳᠡᠨ᠎ᠡ᠃  ᠲᠡᠷᠡ ᠴᠣᠬᠣᠮ ᠶᠠᠮᠠᠷ ᠵᠣᠷᠢᠯᠭ᠎ᠠ ᠲᠠᠢ ᠢᠩᠭᠢᠭᠰᠡᠨ ᠢ᠋ ᠮᠡᠳᠡᠭᠰᠡᠨ ᠦᠭᠡᠢ᠃ ᠲᠠ ᠨᠠᠷ ᠨᠢᠭᠡᠨᠲᠡ ᠡᠳᠦᠢ ᠴᠢᠨᠡᠭᠡᠨ ᠣᠢᠯᠠᠭᠠᠭᠰᠠᠨ ᠶᠤᠮ ᠴᠢᠨᠢ ᠪᠢ ᠲᠡᠷᠡ ᠬᠥᠮᠦᠨ ᠢ᠋ ᠲᠠᠨᠢᠬᠤ ᠶᠤᠮ ᠪᠣᠯ ᠶᠠᠭᠤᠨ ᠳ᠋ᠤ᠌ ᠲᠡᠭᠡᠵᠦ ᠤᠴᠢᠷ ᠦᠭᠡᠢ ᠨᠢᠭᠤᠬᠤ ᠪᠣᠢ?
       — ᠭᠡᠪᠡᠴᠦ ᠨᠢᠭᠡ ᠮᠠᠳᠠᠭ ᠲᠠᠢ ᠨᠢ ᠴᠢ ᠲᠡᠷᠡ ᠬᠥᠮᠦᠨ ᠢ᠋ ᠵᠢᠭᠠᠬᠠᠨ ᠴᠦ᠍ ᠪᠠᠷᠤᠭᠯᠠᠬᠤ ᠦᠭᠡᠢ ᠪᠠᠢᠭᠠᠳ ᠨᠢᠭᠤᠴᠠ ᠪᠠᠨ ᠪᠠᠷᠢᠭᠳᠠᠭᠰᠠᠨ ᠢ᠋ᠶ᠋ᠠᠨ ᠶᠠᠭᠠᠬᠢᠵᠤ ᠮᠡᠳᠡᠭᠰᠡᠨ ᠪᠣᠢ?
       — ᠡᠭᠦᠨ ᠢ᠋ ᠶᠠᠷᠢᠪᠠᠯ ᠦᠭᠡ ᠤᠷᠲᠤ ᠪᠣᠢ᠃ ᠭᠡᠰᠡᠨ ᠴᠦ᠍ ᠲᠠ ᠨᠠᠷ ᠤ᠋ᠨ ᠰᠢᠭᠦᠯᠲᠡ ᠳ᠋ᠦ᠍ ᠬᠠᠷᠢᠭᠤᠴᠠᠵᠤ ᠡᠬᠢᠨ ᠡᠴᠡ ᠨᠢ ᠶᠠᠷᠢᠶ᠎ᠠ᠃ 
       — ᠵᠠ᠂ ᠶᠠᠷᠢ ᠭᠡᠰᠡᠨ ᠳ᠋ᠦ᠍ ᠪᠣᠯᠤᠷᠴᠠᠭᠠᠨ ᠨᠠᠷᠢᠨ ᠤᠴᠢᠷ ᠢ᠋ᠶ᠋ᠠᠨ ᠲᠣᠭᠠᠴᠢᠵᠤ ᠪᠢᠯᠡ᠃ 
       ᠪᠣᠯᠤᠷᠴᠠᠭᠠᠨ᠂ ᠡᠦ ᠹᠧᠩ ᠮᠧᠢ ᠬᠣᠶᠠᠷ ᠤ᠋ᠨ ᠨᠢᠭᠤᠴᠠ ᠤᠯᠠᠮ ᠠ᠋ᠴᠠ ᠤᠯᠠᠮ ᠣᠯᠠᠳᠠᠭᠰᠠᠨ ᠪᠣᠯᠬᠣᠷ ᠨᠢᠭᠡ ᠲᠠᠯ᠎ᠠ ᠤᠷᠤᠭᠤ ᠪᠠᠨ ᠬᠡᠯᠪᠡᠢᠵᠦ᠂ ᠨᠥᠭᠦᠭᠡ ᠲᠠᠯ᠎ᠠ ᠪᠠᠨ ᠣᠷᠬᠢᠬᠤ ᠦᠵᠡᠭᠳᠡᠯ ᠭᠠᠷᠴᠤ ᠡᠬᠢᠯᠡᠵᠡᠢ᠃ ᠡᠷ᠎ᠡ ᠡᠮ᠎ᠡ ᠶ᠋ᠢᠨ ᠵᠠᠪᠰᠠᠷ ᠲᠤ᠌ ᠡᠢᠮᠦ ᠲᠥᠪ  ᠪᠤᠰᠤ ᠬᠠᠷᠢᠴᠠᠭ᠎ᠠ ᠡᠭᠦᠰᠦᠭᠰᠡᠨ ᠡᠴᠡ ᠬᠣᠭᠣᠷᠣᠨᠳᠣ ᠪᠠᠨ ᠡᠨᠡᠷᠢᠬᠦ ᠨᠢ ᠤᠯᠠᠮ ᠢ᠋ᠶ᠋ᠠᠷ ᠴᠥᠭᠡᠳᠴᠡᠢ᠃ ᠳᠤᠮᠳᠠ ᠨᠠᠰᠤᠨ ᠳ᠋ᠤ᠌ ᠲᠠᠴᠢᠶᠠᠯ ᠳ᠋ᠤ᠌ ᠠᠪᠲᠠᠪᠠᠯ ᠳᠡᠭᠡᠰᠦ ᠪᠡᠷ ᠲᠠᠲᠠᠭᠰᠠᠨ ᠴᠦ᠍ ᠡᠷᠭᠢᠬᠦ ᠦᠭᠡᠢ ᠭᠡᠳᠡᠭ ᠢ᠋ᠶ᠋ᠡᠷ ᠵᠡᠭᠦᠳᠦ ᠵᠡᠷᠭᠡᠯᠭᠡᠨ ᠰᠢᠭ ᠨᠢᠭᠤᠴᠠ ᠬᠠᠷᠢᠴᠠᠭᠠᠨ ᠠ᠋ᠴᠠ ᠪᠣᠯᠤᠭᠠᠳ ᠡᠦ ᠹᠧᠩ ᠮᠧᠢ ᠡᠷ᠎ᠡ ᠡᠴᠡ ᠪᠡᠨ ᠰᠠᠯᠤᠯ᠎ᠠ᠃  
       ᠪᠣᠯᠤᠷᠴᠠᠭᠠᠨ ᠳ᠋ᠤ᠌ ᠵᠠᠮ ᠤ᠋ᠨ ᠬᠠᠷᠰᠢ ᠠᠷᠢᠯᠤᠨ᠂ ᠠᠶᠠᠨᠳᠠᠭᠠᠨ ᠶᠠᠪᠤᠨ ᠶᠠᠪᠤᠯᠴᠠᠭᠰᠠᠭᠠᠷ ᠡᠦ ᠹᠧᠩ ᠮᠧᠢ ᠶ᠋ᠢᠨ ᠡᠷ᠎ᠡ ᠨᠢ ᠰᠢᠭ ᠪᠣᠯᠴᠢᠬᠠᠪᠠ᠃ 
       ᠦᠵᠡᠰᠬᠦᠯᠡᠩ ᠲᠡᠢ ᠬᠣᠶᠠᠳᠤᠭᠠᠷ ᠤᠳᠠᠭ᠎ᠠ ᠭᠡᠷᠡᠯᠲᠦᠭᠰᠡᠨ ᠲᠡᠷᠡ ᠰᠥᠨᠢ ᠪᠤᠯᠤᠷᠴᠠᠭᠠᠨ ᠶᠠᠷᠢᠶᠠᠨ ᠦᠭᠡᠢ ᠡᠦ ᠹᠧᠩ ᠮᠧᠢ ᠶ᠋ᠢᠨ ᠳ᠋ᠦ᠍ ᠣᠴᠢᠵᠤ ᠬᠣᠨᠣᠵᠠᠢ᠃  
       ᠮᠠᠷᠭᠠᠰᠢ ᠶ᠋ᠢᠨ ᠬᠢᠨᠢ ᠪᠠᠭ᠎ᠠ ᠦᠳᠡ ᠶ᠋ᠢᠨ ᠬᠢᠷᠢ ᠳ᠋ᠦ᠍ ᠡᠮᠴᠢ ᠶ᠋ᠢᠨ ᠬᠣᠷᠢᠶᠠᠨ ᠤ ᠳᠠᠮᠵᠢᠭᠤᠯᠤᠭᠴᠢ ᠪᠣᠯᠣᠷᠴᠠᠭᠠᠨ ᠳᠤ ᠨᠢᠭᠡ ᠬᠤᠪᠢ ᠵᠠᠬᠢᠳᠠᠯ ᠬᠦᠷᠭᠡᠵᠦ ᠢᠷᠡᠭᠰᠡᠨ ᠪᠠᠢᠪᠠ᠃ ᠲᠡᠷᠡ ᠪᠠᠬᠠᠨ ᠭᠠᠢᠬᠠᠰᠬᠢᠵᠦ ᠠᠪᠤᠭᠠᠳ ᠨᠡᠭᠡᠭᠡᠵᠦ ᠦᠵᠡᠪᠡᠯ᠄ 
ᠪᠣᠯᠤᠷᠴᠠᠭᠠᠨ ᠳ᠋ᠤ᠌᠄ 
       ᠴᠢ ᠡᠦ ᠹᠧᠩ ᠮᠧᠢ ᠲᠡᠢ ᠤᠷᠲᠤ ᠬᠤᠭᠤᠴᠠᠭ᠎ᠠ ᠪᠠᠷ ᠱᠠᠯᠢᠭ ᠰᠠᠳᠤᠷ ᠶᠠᠪᠤᠯᠴᠠᠵᠤ᠂ ᠡᠷ᠎ᠡ ᠨᠥᠬᠥᠷ ᠡᠴᠡ ᠨᠢ ᠰᠠᠯᠭᠠᠵᠤ ᠣᠷᠬᠢᠭᠰᠠᠨ ᠨᠢ ᠳᠠᠷᠤᠢ ᠬᠥᠮᠦᠨ ᠦ᠌ ᠭᠡᠷ ᠪᠦᠯᠢ ᠶᠢ ᠬᠠᠭᠠᠴᠠᠭᠤᠯᠤᠭᠰᠠᠨ ᠶᠠᠯᠠᠲᠤ ᠠᠵᠢᠯᠯᠠᠭ᠎ᠠ ᠰᠢᠦ᠃ ᠤᠷᠤᠭ ᠪᠠᠷᠢᠯᠳᠤᠵᠤ ᠬᠠᠮᠲᠤ ᠠᠮᠢᠳᠤᠷᠠᠬᠤ ᠪᠠᠷ ᠣᠯᠠᠨ ᠤᠳᠠᠭ᠎ᠠ ᠨᠢᠭᠤᠴᠠ ᠪᠠᠷ ᠶᠠᠷᠢᠯᠴᠠᠭᠰᠠᠨ ᠴᠢᠨᠢ ᠶᠠᠯ᠎ᠠ ᠳᠡᠭᠡᠷ᠎ᠡ ᠶᠠᠯ᠎ᠠ ᠨᠡᠮᠡᠵᠦ ᠪᠠᠢᠭ᠎ᠠ ᠭᠡᠳᠡᠭ ᠢ᠋ᠶ᠋ᠡᠨ ᠮᠡᠳᠡᠭᠡᠷᠡᠢ! ᠥᠴᠥᠭᠡᠳᠦᠷ ᠰᠥᠨᠢ ᠲᠠ ᠬᠣᠶᠠᠭᠤᠯᠠ ᠨᠡᠢᠯᠡᠵᠦ ᠬᠣᠨᠣᠨ ᠳᠡᠷ᠎ᠡ ᠳᠡᠭᠡᠷ᠎ᠡ ᠪᠡᠨ᠂ ᠬᠥᠨᠵᠢᠯᠡ ᠳᠣᠲᠣᠷ᠎ᠠ ᠪᠠᠨ ᠤᠷᠤᠭ ᠪᠠᠷᠢᠯᠳᠤᠬᠤ ᠪᠠᠷ ᠰᠢᠪᠡᠨᠡᠯᠳᠦᠭᠰᠡᠨ ᠨᠢ ᠳᠠᠩᠴᠤ ᠬᠡᠳᠦ ᠪᠢᠰᠢ ᠤᠤ? ᠥᠴᠥᠭᠡᠳᠦᠷ ᠬᠡᠷᠪᠡ ᠦᠵᠡᠰᠬᠦᠯᠡᠩ ᠴᠢᠮ᠎ᠠ ᠳ᠋ᠤ᠌ ᠵᠣᠳᠣᠭᠳᠠᠵᠤ ᠠᠯᠠᠭᠳᠠᠭᠰᠠᠨ ᠪᠣᠯ ᠲᠠᠨ ᠤ᠋ ᠬᠣᠶᠠᠭᠤᠯᠠ ᠶ᠋ᠢᠨ ᠬᠡᠨ ᠨᠢ ᠴᠦ᠍ ᠠᠮᠢᠳᠤ ᠭᠠᠷᠴᠤ ᠴᠢᠳᠠᠬᠤ ᠦᠭᠡᠢ ᠭᠡᠭᠴᠢ ᠶ᠋ᠢ ᠮᠡᠳᠡᠨ᠎ᠡ ᠤᠤ᠃ ᠬᠠᠮᠤᠭ ᠡᠮᠦᠨ᠎ᠡ ᠨᠢ ᠪᠢ ᠲᠠᠨ ᠤ᠋ ᠬᠣᠶᠠᠭᠤᠯᠠ ᠶ᠋ᠢ ᠵᠠᠭᠠᠯᠳᠤᠨ᠎ᠠ᠃ ᠢᠩᠭᠢᠵᠦ ᠦᠢᠯᠡ ᠲᠠᠮᠤ᠂ ᠬᠠᠯᠠ ᠵᠣᠪᠠᠯᠠᠩ ᠢ᠋ᠶ᠋ᠠᠨ ᠦᠵᠡᠬᠦ ᠶ᠋ᠢᠨ ᠣᠷᠣᠨ ᠳ᠋ᠤ᠌ ᠦᠵᠡᠰᠬᠦᠯᠡᠩ ᠡᠴᠡ ᠪᠡᠨ ᠡᠷᠲᠡᠬᠡᠨ ᠰᠠᠯᠤᠭᠠᠳ ᠡᠦ ᠹᠧᠩ ᠮᠧᠢ ᠲᠡᠢ ᠪᠡᠨ ᠤᠷᠤᠭᠯᠠᠴᠢᠬᠠᠪᠠᠯ ᠬᠠᠮᠤᠭ ᠤ᠋ᠨ ᠪᠠᠲᠤᠲᠠᠢ ᠠᠷᠭ᠎ᠠ᠃ ᠡᠨᠡ ᠪᠣᠯ ᠭᠠᠷᠬᠤ ᠵᠠᠮ ᠴᠢᠨᠢ ᠮᠥᠨ ᠭᠡᠵᠦ ᠮᠡᠳᠡᠭᠡᠷᠡᠢ! ᠡᠳᠦᠷ ᠲᠤᠵᠢ ᠬᠤᠯᠠᠭᠠᠢᠴᠢ ᠰᠢᠭ᠋ ᠭᠦᠶᠦᠯᠳᠦᠨ ᠵᠢᠷᠦᠬᠡ ᠪᠡᠨ ᠭᠠᠷ ᠲᠤ ᠪᠠᠨ ᠪᠠᠷᠢᠨ ᠠᠮᠢᠳᠤᠷᠠᠬᠤ ᠨᠢ ᠶᠠᠮᠠᠷ ᠯᠠ ᠤᠳᠬ᠎ᠠ ᠠᠭᠤᠯᠭ᠎ᠠ ᠪᠠᠢᠨ᠎ᠠ ᠳᠠ᠃ 
       ᠨᠢᠭᠡᠨ ᠰᠦ ᠰᠢᠭ ᠴᠠᠭᠠᠨ ᠰᠡᠳᠬᠢᠯᠲᠡᠨ ᠦᠵᠡᠵᠦ ᠲᠡᠰᠬᠦ ᠦᠭᠡᠢ ᠳᠦ ᠪᠡᠨ ᠢᠳᠬᠠᠨ ᠰᠤᠷᠭᠠᠮᠵᠢᠯᠠᠪᠠᠢ᠃ 
       ᠪᠣᠯᠤᠷᠴᠠᠭᠠᠨ ᠡᠨᠡ ᠵᠠᠬᠢᠳᠠᠯ ᠢ᠋ ᠦᠵᠡᠵᠦ ᠪᠠᠢᠭᠠᠳ ᠠᠶᠤᠵᠤ ᠰᠣᠴᠢᠬᠤ ᠳᠤ ᠪᠠᠨ ᠬᠠᠮᠤᠭ ᠪᠡᠶ᠎ᠡ ᠡᠴᠡ ᠨᠢ ᠬᠥᠯᠥᠰᠥ ᠠᠰᠬᠠᠷᠠᠵᠠᠢ᠃ ᠡᠨᠡ ᠴᠣᠬᠣᠮ ᠬᠡᠨ ᠪᠢᠴᠢᠪᠡ?  ᠡᠦ ᠹᠧᠩ ᠮᠧᠢ ᠭᠡᠵᠢ ᠤᠤ?  ᠡᠰᠡᠪᠡᠯ ᠲᠡᠭᠦᠨ ᠦ᠌ ᠰᠠᠯᠤᠭᠰᠠᠨ ᠡᠷ᠎ᠡ ᠨᠢ ᠤᠤ?  ᠪᠦᠷ ᠪᠢᠰᠢ ᠰᠢᠭ᠃ ᠡᠨᠡ ᠬᠥᠮᠦᠨ ᠦ᠌ ᠴᠠᠭᠠᠳᠤᠬᠢ ᠵᠣᠷᠢᠯᠭ᠎ᠠ ᠨᠢ ᠶᠠᠭᠤ ᠪᠣᠯ? 
       ᠶᠠᠭ ᠡᠨᠡ ᠦᠶ᠎ᠡ ᠳ᠋ᠦ᠍ ᠡᠦ ᠹᠧᠩ ᠮᠧᠢ ᠴᠦ᠍ ᠪᠣᠯᠤᠷᠴᠠᠭᠠᠨ ᠤ᠋ ᠳᠡᠷᠭᠡᠳᠡ ᠢᠷᠡᠵᠡᠢ᠃  
       ᠲᠡᠭᠦᠨ ᠦ᠌ ᠴᠢᠷᠠᠢ ᠨᠢ ᠬᠤᠪᠢᠷᠠᠨ ᠠᠶᠤᠮᠠᠷ ᠪᠣᠯᠵᠤ᠂ ᠭᠠᠷ ᠲᠤ ᠪᠠᠨ ᠪᠠᠰᠠ ᠨᠢᠭᠡ ᠬᠤᠪᠢ ᠨᠡᠷ᠎ᠡ ᠦᠭᠡᠢ ᠵᠠᠬᠢᠳᠠᠯ ᠪᠠᠷᠢᠴᠢᠬᠠᠭᠰᠠᠨ ᠪᠠᠢᠯ᠎ᠠ᠃  ᠵᠠᠬᠢᠳᠠᠯ ᠤ᠋ᠨ ᠬᠢᠨᠢ ᠦᠭᠡ ᠥᠭᠦᠯᠡᠪᠦᠷᠢ ᠨᠢ ᠪᠣᠯᠤᠷᠴᠠᠭᠠᠨ ᠳ᠋ᠤ᠌ ᠢᠷᠡᠭᠰᠡᠨ ᠵᠠᠬᠢᠳᠠᠯ ᠲᠠᠢ ᠡᠭᠡᠭᠡ ᠠᠳᠠᠯᠢᠬᠠᠨ᠃  ᠵᠥᠪᠬᠡᠨ ᠡᠦ ᠹᠧᠩ ᠮᠧᠢ ᠳ᠋ᠦ᠍ ᠬᠡᠯᠡᠬᠦ ᠬᠡᠯᠪᠡᠷᠢ ᠪᠡᠷ ᠦᠭᠡ ᠥᠭᠦᠯᠡᠪᠦᠷᠢ ᠪᠡᠨ ᠡᠳᠦᠢ ᠲᠡᠳᠦᠢ ᠥᠭᠡᠷᠡᠴᠢᠯᠡᠨ ᠵᠠᠰᠠᠭᠰᠠᠨ ᠲᠡᠳᠦᠢ᠃  
       ᠡᠨᠡ ᠬᠣᠶᠠᠷ ᠦᠵᠡᠭᠰᠡᠭᠡᠷ ᠪᠠᠢᠭᠠᠳ ᠪᠦᠷ ᠰᠦᠨᠡᠰᠦ ᠪᠡᠨ ᠵᠠᠢᠯᠠᠲᠠᠯ᠎ᠠ ᠠᠶᠤᠵᠠᠢ᠃  
       ᠭᠡᠲᠡᠯ᠎ᠡ ᠶᠡᠬᠡ ᠰᠣᠨᠢᠷᠬᠠᠯᠲᠠᠢ ᠨᠢ ᠦᠳᠡ ᠶ᠋ᠢᠨ ᠬᠣᠶᠢᠨ᠎ᠠ ᠪᠣᠯᠬᠤ ᠳ᠋ᠤ᠌ ᠵᠠᠬᠢᠳᠠᠯ ᠤ᠋ᠨ ᠦᠰᠦᠭ ᠦ᠋ᠳ ᠨᠢ ᠥᠪᠡᠷ ᠢ᠋ᠶ᠋ᠡᠨ ᠪᠠᠯᠠᠷᠠᠨ ᠦᠭᠡᠢ ᠪᠣᠯᠤᠯ᠎ᠠ᠃  ᠠᠷᠭ᠎ᠠ ᠠᠯᠳᠠᠷᠠᠬᠤ ᠳᠤ ᠪᠠᠨ ᠪᠤᠯᠤᠷᠴᠠᠭᠠᠨ ᠡᠦ ᠹᠧᠩ ᠮᠧᠢ ᠬᠣᠶᠠᠭᠤᠯᠠ ᠳᠠᠬᠢᠨ ᠶᠠᠪᠤᠯᠴᠠᠬᠤ ᠪᠠᠨ ᠪᠠᠭᠠᠰᠬᠠᠬᠤ ᠪᠠᠷ ᠬᠡᠯᠡᠯᠴᠡᠭᠰᠡᠨ ᠴᠦ᠍ ᠬᠡᠨ ᠨᠢ ᠴᠦ᠍ ᠪᠡᠶ᠎ᠡ ᠪᠡᠨ ᠪᠠᠷᠢᠵᠤ ᠳᠡᠢᠯᠦᠭᠡ ᠦᠭᠡᠢ᠂ ᠦᠨᠡᠨ ᠳᠦ ᠪᠡᠨ ᠤᠯᠠᠮ ᠢᠯᠡᠭᠦᠦ ᠶᠠᠪᠤᠯᠴᠠᠬᠤ ᠪᠣᠯᠵᠠᠢ᠃  ᠡᠳᠡᠨ ᠦ᠌ ᠤᠴᠢᠷ ᠢ᠋ ᠨᠢᠭᠡᠨᠲᠡ ᠰᠡᠷᠡᠵᠦ ᠮᠡᠳᠡᠭᠰᠡᠨ ᠬᠥᠮᠦᠨ ᠴᠣᠬᠣᠮ ᠬᠡᠨ ᠪᠣᠯᠬᠤ ᠶ᠋ᠢ ᠲᠠᠭᠠᠮᠠᠭᠯᠠᠬᠤ ᠨᠢ ᠣᠨᠢᠰᠣᠭ᠎ᠠ ᠰᠢᠭ᠋ ᠬᠡᠷᠡᠭ ᠪᠠᠢᠭᠰᠠᠨ᠃  
       ᠡᠨᠡ ᠶᠠᠪᠤᠳᠠᠯ ᠤ᠋ᠨ ᠳᠠᠷᠠᠭ᠎ᠠ ᠬᠣᠶᠠᠷ ᠰᠠᠷ᠎ᠠ ᠴᠦ᠍ ᠠᠷᠠᠢ ᠪᠣᠯᠤᠭᠠᠳᠤᠢ ᠪᠠᠷ ᠪᠣᠯᠤᠷᠴᠠᠭᠠᠨ ᠪᠠᠷᠢᠪᠴᠢᠯᠠᠭᠳᠠᠵᠠᠢ᠃ 
       ᠪᠣᠯᠤᠷᠴᠠᠭᠠᠨ ᠤ᠋ ᠲᠤᠰᠢᠶᠠᠯᠲᠠ ᠰᠠᠨᠠᠭᠠᠨ ᠠ᠋ᠴᠠ ᠭᠠᠳᠠᠨ᠎ᠠ ᠪᠠᠢᠵᠤ᠂ ᠲᠦᠪᠰᠢᠨ ᠳ᠋ᠦ᠍ ᠶᠡᠬᠡ ᠬᠠᠩᠭᠠᠮᠵᠢᠲᠠᠢ ᠰᠠᠨᠠᠭᠳᠠᠵᠠᠢ᠃ ᠲᠡᠷᠡ ᠪᠤᠯᠤᠷᠴᠠᠭᠠᠨ ᠢ᠋ ᠤᠳᠠᠲᠠᠯ᠎ᠠ ᠬᠠᠷᠠᠭᠠᠳ᠄ 
       — ᠴᠢ ᠮᠠᠰᠢ ᠰᠠᠢᠨ ᠲᠤᠰᠢᠶᠠᠯ᠎ᠠ᠃ ᠴᠢᠨᠦ ᠲᠤᠰᠢᠶᠠᠭᠰᠠᠨ ᠠ᠋ᠴᠠ ᠦᠵᠡᠪᠡᠯ ᠡᠨᠡ ᠬᠡᠷᠡᠭ ᠪᠢᠳᠡᠨ ᠦ᠌ ᠤᠤᠯ ᠤ᠋ᠨ ᠪᠣᠳᠣᠵᠤ ᠲᠥᠰᠥᠪᠯᠡᠭᠰᠡᠨ ᠡᠴᠡ ᠬᠣᠯᠠ ᠨᠠᠷᠢᠨ ᠪᠤᠳᠤᠯᠢᠶᠠᠨ ᠲᠠᠢ ᠪᠠᠢᠨ᠎ᠠ᠃ ᠣᠳᠣ ᠴᠢ ᠪᠠᠷᠢᠪᠴᠢᠯᠠᠭᠳᠠᠭᠰᠠᠨ ᠤ᠋ ᠪᠠᠨ ᠳᠠᠷᠠᠭ᠎ᠠ ᠥᠷᠯᠥᠭᠡ ᠡᠦ ᠹᠧᠩ ᠮᠧᠢ ᠲᠡᠢ ᠠᠭᠤᠯᠵᠠᠵᠤ ᠶᠠᠭᠤ ᠶᠠᠷᠢᠯᠴᠠᠭᠰᠠᠨ ᠢ᠋ᠶ᠋ᠠᠨ ᠨᠠᠷᠢᠨ ᠶᠠᠷᠢᠭᠠᠴᠢ ᠭᠡᠵᠦ ᠰᠢᠭᠤᠳ ᠲᠤᠯᠭᠠᠪᠠ᠃ 
       ᠡᠭᠦᠨ ᠢ᠋ ᠰᠣᠨᠣᠰᠤᠭᠠᠳ ᠪᠣᠯᠤᠷᠴᠠᠭᠠᠨ ᠤ᠋ ᠴᠢᠷᠠᠢ ᠳᠣᠣᠷ᠎ᠠ ᠪᠠᠨ ᠵᠢᠪᠡᠬᠡᠢ ᠴᠠᠭᠠᠨ ᠪᠣᠯᠵᠤ᠂ ᠠᠯᠬᠤᠮ ᠠᠯᠬᠤᠮ ᠢ᠋ᠶ᠋ᠠᠷ ᠲᠤᠯᠭᠠᠨ ᠰᠢᠬᠠᠭᠰᠠᠨ ᠡᠨᠡ ᠰᠢᠭᠦᠯᠲᠡ ᠲᠡᠭᠦᠨ ᠦ᠌ ᠠᠩᠬᠠᠨ ᠤ᠋ ᠪᠣᠳᠣᠯ ᠠ᠋ᠴᠠ ᠬᠣᠯᠠ ᠳᠠᠪᠠᠭᠰᠠᠨ ᠢ᠋ ᠤᠬᠠᠭᠠᠷᠠᠭᠰᠠᠨ ᠪᠠᠢᠨ᠎ᠠ᠃ ᠲᠡᠭᠡᠭᠡᠳ ᠲᠡᠷᠡ ᠰᠠᠶᠢᠬᠠᠨ ᠤ᠋ ᠬᠡᠲᠦᠷᠬᠡᠢ ᠨᠠᠷᠢᠨ ᠲᠤᠰᠢᠶᠠᠯᠲᠠ ᠳᠤ ᠪᠠᠨ ᠭᠡᠮᠰᠢᠨ ᠬᠠᠷᠠᠮᠰᠠᠯ᠎ᠠ᠃  ᠭᠡᠪᠡᠴᠦ ᠨᠢᠭᠡᠨᠲᠡ ᠲᠤᠯᠤᠭᠰᠠᠨ ᠠᠰᠠᠭᠤᠳᠠᠯ ᠠ᠋ᠴᠠ ᠵᠠᠢᠯᠠᠬᠤ ᠵᠠᠮ ᠦᠭᠡᠢ ᠪᠣᠯᠤᠭᠰᠠᠨ ᠪᠣᠯᠬᠣᠷ᠄ 
       — ᠪᠢ ᠪᠠᠷᠢᠪᠴᠢᠯᠠᠭᠳᠠᠭᠰᠠᠨ ᠤ᠋ ᠪᠠᠨ ᠳᠠᠷᠠᠭ᠎ᠠ ᠬᠡᠨ ᠲᠡᠢ ᠴᠦ᠍ ᠠᠭᠤᠯᠵᠠᠭ᠎ᠠ ᠦᠭᠡᠢ ᠭᠡᠪᠡ᠃ 
       — ᠡᠨᠡ ᠪᠣᠯ ᠴᠢᠨᠦ ᠬᠠᠮᠤᠭ ᠤ᠋ᠨ ᠠᠰᠠᠭᠤᠬᠤ ᠠ᠋ᠴᠠ ᠠᠶᠤᠳᠠᠭ ᠮᠥᠷᠲᠡᠭᠡᠨ ᠢᠯᠡᠷᠡᠬᠦ ᠡᠴᠡ ᠪᠣᠯᠭᠣᠮᠵᠢᠯᠠᠳᠠᠭ ᠤᠴᠢᠷ ᠪᠢᠵᠡ?
       — ᠁ 
       — ᠨᠢᠭᠤᠵᠤ ᠪᠠᠢᠬᠤ ᠨᠢ ᠳᠠᠷᠤᠢ ᠬᠣᠶᠠᠭᠤᠯᠠ ᠪᠠᠨ ᠢᠯᠡᠷᠡᠵᠦ᠂ ᠴᠤᠭᠭᠠᠷ ᠳᠠᠭᠤᠰᠬᠤ ᠠ᠋ᠴᠠ ᠨᠢᠭᠡ ᠨᠢ ᠡᠭᠦᠷᠴᠦ ᠭᠠᠷᠤᠶ᠎ᠠ ᠭᠡᠰᠡᠨ ᠪᠣᠳᠣᠯ ᠪᠠᠢᠬ᠎ᠠ᠂ ᠲᠡᠢᠮᠦ ᠪᠢᠵᠡ ᠠ᠋?
       — ᠦᠭᠡᠢ ᠁ᠦᠭᠡᠢ᠁ ᠡᠢᠮᠦ ᠶᠠᠪᠤᠳᠠᠯ ᠣᠭᠲᠣ ᠦᠭᠡᠢ᠃ 
       — ᠬᠡᠷᠡᠭ ᠶᠠᠪᠤᠳᠠᠯ ᠪᠣᠯ ᠡᠭᠦᠨ ᠦ᠌ ᠡᠰᠡᠷᠭᠦ ᠪᠠᠢᠵᠤ ᠮᠡᠳᠡᠨ᠎ᠡ᠃ ᠴᠢ ᠶᠠᠭᠤᠨ ᠳ᠋ᠤ᠌ ᠠᠰᠢᠭ ᠲᠠᠢ ᠲᠠᠯ᠎ᠠ ᠠ᠋ᠴᠠ ᠨᠢ ᠥᠴᠦᠬᠡᠨ ᠴᠦ᠍ ᠪᠣᠳᠣᠯᠬᠢᠯᠠᠬᠤ ᠦᠭᠡᠢ ᠪᠣᠢ?
       — ᠁ 
       — ᠨᠢᠭᠤᠭᠰᠠᠨ ᠤ᠋ ᠬᠡᠷᠡᠭ ᠦᠭᠡᠢ᠂ ᠲᠡᠷᠡ ᠥᠷᠯᠥᠭᠡ ᠶ᠋ᠢᠨ ᠨᠠᠢ᠍ᠮᠠᠨ ᠴᠠᠭ ᠬᠠᠭᠠᠰ ᠲᠤ᠌ ᠬᠣᠷᠢᠭᠤᠯ ᠤ᠋ᠨ ᠭᠠᠵᠠᠷ ᠤ᠋ᠨ ᠲᠣᠭᠣᠭᠠᠨ ᠭᠡᠷ ᠦ᠋ᠨ ᠴᠣᠩᠬᠣ ᠪᠠᠷ ᠲᠠᠨ ᠤ᠋ ᠬᠣᠶᠠᠭᠤᠯᠠ ᠵᠣᠯᠭᠠᠵᠤ ᠶᠠᠷᠢᠯᠴᠠᠭᠰᠠᠨ᠃ 
       — ᠡᠨᠡ᠁ 
       — ᠲᠠᠨ ᠤ᠋ ᠬᠣᠶᠠᠭᠤᠯᠠ ᠬᠣᠣᠷᠲᠤ ᠡᠮ ᠦ᠋ᠨ ᠲᠤᠬᠠᠢ ᠶᠠᠷᠢᠯᠴᠠᠭᠰᠠᠨ ᠪᠢᠵᠡ? 
       — ᠦᠭᠡᠢ ᠂ ᠦᠭᠡᠢ᠃ 
       — ᠦᠨᠡᠨ ᠳᠦ ᠪᠡᠨ ᠶᠡᠬᠡᠩᠬᠢ ᠪᠠᠢᠳᠠᠯ ᠢ᠋ ᠪᠢᠳᠡ ᠨᠢᠭᠡᠨᠲᠡ ᠪᠠᠢᠴᠠᠭᠠᠵᠤ ᠲᠣᠳᠣᠷᠬᠠᠢᠯᠠᠭᠰᠠᠨ᠃ ᠬᠡᠷᠪᠡ ᠴᠢ ᠦᠨᠡᠨ ᠢ᠋ᠶ᠋ᠡᠨ ᠶᠠᠷᠢᠪᠠᠯ ᠦᠵᠡᠰᠬᠦᠯᠡᠩ ᠦ᠋ᠨ ᠠᠯᠠᠭᠳᠠᠭᠰᠠᠨ ᠬᠡᠷᠡᠭ ᠢ᠋ ᠲᠣᠳᠣᠷᠬᠠᠢᠯᠠᠬᠤ ᠳ᠋ᠤ᠌ ᠤᠯᠠᠮ ᠠᠰᠢᠭᠲᠠᠢ ᠰᠢᠦ!
       — ᠡᠨᠡ ᠲᠤᠬᠠᠢ ᠶᠠᠷᠢᠶ᠎ᠠ ᠭᠡᠰᠡᠨ ᠴᠦ᠍ ᠶᠠᠭᠤᠮ᠎ᠠ ᠦᠭᠡᠢ ᠶᠦᠮ ᠴᠢᠨᠢ᠁ 
       — ᠴᠢ ᠪᠢᠲᠡᠭᠡᠢ ᠠᠶᠤ᠃ ᠦᠨᠡᠨ ᠢ᠋ᠶ᠋ᠡᠷ ᠴᠠᠭᠠᠪᠤᠷᠯᠠᠪᠠᠯ ᠲᠥᠷᠥ ᠶ᠋ᠢᠨ ᠪᠣᠳᠣᠯᠭ᠎ᠠ ᠠᠭᠤᠴᠢᠯᠠᠬᠤ ᠶᠤᠮ᠃ 
       — ᠪᠠᠢᠪᠠᠯ ᠯᠠᠪᠲᠠᠢ ᠴᠠᠭᠠᠪᠤᠷᠯᠠᠨ᠎ᠠ᠃ ᠦᠭᠡᠢ ᠶᠦᠮ ᠴᠢᠨᠢ᠂ ᠬᠡᠷᠬᠢᠨ᠁ 
       — ᠶᠠᠭ ᠶᠠᠷᠢᠬᠤ ᠦᠭᠡᠢ ᠪᠣᠯ ᠪᠢᠳᠡ ᠴᠢᠮ᠎ᠠ ᠶᠢ ᠠᠯᠪᠠᠳᠠᠬᠤ ᠦᠭᠡᠢ᠃ 
       ᠡᠨᠡ ᠤᠳᠠᠭ᠎ᠠ ᠶ᠋ᠢᠨ ᠰᠢᠭᠦᠯᠲᠡ ᠡᠭᠦᠨ ᠢ᠋ᠶ᠋ᠡᠷ ᠵᠣᠭᠰᠣᠭᠰᠠᠨ ᠳ᠋ᠤ᠌ ᠪᠣᠯᠤᠷᠴᠠᠭᠠᠨ ᠶᠡᠬᠡᠳᠡ ᠭᠠᠢᠬᠠᠵᠠᠢ᠃ ᠭᠥᠯᠢᠩ ᠭᠥᠯᠢᠩ ᠭᠡᠵᠦ ᠪᠠᠢᠭ᠎ᠠ ᠨᠢᠳᠦ ᠨᠢ ᠬᠣᠵᠢᠮ ᠡᠨᠡ ᠠᠰᠠᠭᠤᠯᠲᠠ ᠶ᠋ᠢ ᠳᠠᠬᠢᠨ ᠠᠰᠠᠭᠤᠪᠠᠯ ᠶᠠᠭᠤ ᠭᠡᠵᠦ ᠬᠠᠷᠢᠭᠤᠯᠬᠤ ᠪᠢᠯᠡ? ᠭᠡᠵᠦ ᠪᠣᠳᠣᠵᠤ ᠪᠠᠢᠭ᠎ᠠ ᠶ᠋ᠢ ᠨᠢ ᠬᠡᠯᠡᠵᠦ ᠪᠠᠢᠪᠠ᠃ 

           ᠤᠩᠰᠢᠭ᠌ᠰᠠᠨ ᠨᠢ᠄  ᠴᠡᠴᠡᠭᠮ᠎ᠡ