ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ> Хялгасан дөрөөн дээр – Хасвулаг зохиов <10> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ> Хялгасан дөрөөн дээр – Хасвулаг зохиов <10>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ> Хялгасан дөрөөн дээр – Хасвулаг зохиов <10>

ᠠᠩᠭᠢᠯᠠᠯ:ᠲᠤᠭᠤᠵᠢ ᠷᠣᠮᠠᠨ
2026-01-07

171

ᠬᠢᠯᠭᠠᠰᠤᠨ ᠳᠥᠷᠥᠭᠡᠨ ᠳᠡᠭᠡᠷ᠎ᠡ - <ᠠᠷᠪᠠ>


                ᠠᠷᠪᠠ  

       ᠡᠷ᠎ᠡ ᠡᠮ᠎ᠡ ᠶ᠋ᠢᠨ ᠵᠢᠭᠤᠷᠠᠭᠠᠨ ᠤ᠋ ᠲᠤᠬᠠᠢ ᠠᠯᠢ ᠣᠯᠠᠨ ᠶᠠᠷᠢᠶ᠎ᠠ ᠬᠡᠯᠡᠯᠴᠡᠭᠡ ᠪᠠᠢᠳᠠᠭ᠃  
       ᠡᠳᠦᠷ ᠦ᠋ᠨ ᠵᠣᠳᠣᠭᠠᠨ ᠦᠳᠡᠰᠢ ᠮᠠᠷᠲᠠᠭᠳᠠᠵᠤ ᠤᠨᠲᠠᠬᠤ ᠣᠷᠣᠨ ᠳᠤ ᠪᠠᠨ ᠡᠪᠰᠡᠳᠡᠭ ᠭᠡᠨ᠎ᠡ᠃ 
       ᠭᠡᠷ ᠪᠦᠯᠢ ᠶ᠋ᠢᠨ ᠵᠢᠭᠤᠷᠠᠭᠠᠨ᠂ ᠡᠷ᠎ᠡ ᠡᠮ᠎ᠡ ᠶ᠋ᠢᠨ ᠮᠠᠷᠭᠤᠯᠳᠤᠭᠠᠨ ᠢ᠋ ᠬᠡᠨ ᠴᠦ᠍ ᠤᠪᠠᠢᠯᠠᠳᠠᠭ ᠦᠭᠡᠢ ᠪᠠᠢᠵᠤ ᠮᠡᠳᠡᠨ᠎ᠡ᠃ 
       ᠭᠡᠲᠡᠯ᠎ᠡ ᠲᠢᠩᠬᠢᠮ ᠦ᠋ᠨ ᠳᠠᠷᠤᠭ᠎ᠠ ᠲᠦᠪᠰᠢᠨ ᠣᠷᠴᠢᠮ ᠤ᠋ᠨ ᠡᠳᠦᠷ ᠦ᠋ᠳ ᠲᠦ᠍ ᠦᠵᠡᠰᠬᠦᠯᠡᠩ ᠡᠷ᠎ᠡ ᠡᠮ᠎ᠡ ᠬᠣᠶᠠᠭᠤᠯᠠ ᠶ᠋ᠢᠨ ᠰᠡᠭᠦᠯ ᠦ᠋ᠨ ᠬᠤᠭᠤᠴᠠᠭᠠᠨ ᠳ᠋ᠠᠬᠢ ᠡᠪᠳᠡᠷᠡᠯ ᠬᠠᠭᠠᠴᠠᠯ᠂ ᠵᠣᠳᠣᠭᠠᠨ ᠴᠤᠤᠭᠢᠶᠠᠨ ᠤ᠋ ᠲᠤᠬᠠᠢ ᠣᠨᠴᠠ ᠠᠩᠬᠠᠷᠤᠯ ᠲᠠᠯᠪᠢᠨ ᠣᠯᠠᠨ ᠲᠠᠯ᠎ᠠ ᠪᠠᠷ ᠠᠯᠳᠠᠯ ᠦᠭᠡᠢ ᠰᠤᠷᠠᠭᠯᠠᠵᠤ ᠰᠤᠷᠪᠤᠯᠵᠢᠯᠠᠭᠰᠠᠭᠠᠷ ᠪᠠᠢᠯ᠎ᠠ᠃ 
       ᠡᠩ ᠦ᠋ᠨ ᠦᠭᠡᠨ ᠳ᠋ᠦ᠍ ᠭᠡᠭᠡᠨ ᠨᠣᠶᠠᠨ ᠭᠡᠷ ᠦ᠋ᠨ ᠵᠢᠭᠤᠷᠠᠭᠠᠨ ᠢ᠋ ᠲᠤᠩᠭᠠᠵᠤ ᠴᠢᠳᠠᠬᠤ ᠦᠭᠡᠢ ᠭᠡᠭᠴᠢ ᠪᠡᠷ ᠲᠦᠪᠰᠢᠨ ᠴᠦ᠍ ᠲᠤᠩᠭᠠᠬᠤ ᠳ᠋ᠤ᠌ ᠯᠠᠪᠲᠠᠢ ᠪᠡᠷᠬᠡ ᠪᠠᠢᠬ᠎ᠠ᠃  ᠭᠡᠲᠡᠯ᠎ᠡ ᠲᠡᠷᠡ ᠡᠯᠳᠡᠵᠦ ᠵᠣᠳᠣᠨ ᠡᠯᠳᠡᠪ ᠢ᠋ᠶ᠋ᠡᠷ ᠬᠠᠷᠢᠶᠠᠬᠤ ᠨᠢ ᠤᠬᠠᠭ᠎ᠠ ᠪᠣᠳᠣᠯ ᠲᠠᠢ ᠬᠥᠮᠦᠨ ᠦ᠌ ᠡᠨᠡᠷᠢᠯ ᠬᠠᠢᠷ᠎ᠠ ᠶ᠋ᠢ ᠢᠯᠡᠷᠡᠭᠦᠯᠬᠦ ᠠᠷᠭ᠎ᠠ ᠣᠭᠲᠣ ᠪᠢᠰᠢ ᠭᠡᠭᠴᠢ ᠶ᠋ᠢ ᠪᠠᠲᠤ ᠢᠲᠡᠭᠡᠳᠡᠭ ᠪᠠᠢᠵᠠᠢ᠃  
       ᠡᠭᠦᠨ ᠦ᠌ ᠳ᠋ᠦᠩ ᠳ᠋ᠦ᠍ ᠠᠰᠠᠭᠤᠵᠤ ᠰᠤᠷᠪᠤᠯᠵᠢᠯᠠᠭᠰᠠᠭᠠᠷ ᠪᠠᠢᠭᠠᠳ ᠣᠷᠣᠬᠤ ᠠᠢᠯ ᠢ᠋ᠶ᠋ᠠᠨ ᠣᠯᠤᠯ᠎ᠠ᠃ 
       ᠨᠢᠭᠡᠨ ᠣᠷᠣᠢ ᠠᠵᠢᠯ ᠪᠠᠭᠤᠭᠰᠠᠨ ᠤ᠋ ᠳᠠᠷᠠᠭ᠎ᠠ ᠲᠦᠪᠰᠢᠨ ᠬᠥᠬᠡᠲᠤᠯᠢ ᠶ᠋ᠢ ᠳᠠᠭᠠᠭᠤᠯᠤᠨ ᠦᠵᠡᠰᠬᠦᠯᠡᠩ ᠦ᠋ᠨ ᠬᠣᠣᠷᠯᠠᠭᠳᠠᠭᠰᠠᠨ ᠭᠡᠷ ᠦ᠋ᠨ ᠡᠭᠦᠳᠡ ᠶ᠋ᠢ ᠡᠰᠡᠷᠭᠦᠯᠡᠭᠰᠡᠨ ᠡᠭᠦᠳᠡ ᠶ᠋ᠢ ᠲᠣᠭᠰᠢᠪᠠ᠃  
       ᠨᠡᠯᠢᠶᠡᠳ ᠤᠳᠠᠭᠠᠳ ᠰᠠᠶᠢ ᠳᠣᠲᠣᠷ᠎ᠠ ᠠ᠋ᠴᠠ ᠨᠢ ᠲᠠᠷ᠂ ᠲᠠᠷ ᠭᠡᠬᠦ ᠬᠥᠯ ᠦ᠋ᠨ ᠴᠢᠮᠡᠭᠡ ᠭᠠᠷᠴᠤ ᠡᠭᠦᠳᠡ ᠠᠯᠭᠤᠷᠬᠠᠨ ᠵᠠᠪᠰᠠᠷᠯᠠᠭᠳᠠᠨ᠂ ᠨᠢᠭᠡᠨ ᠴᠠᠭᠠᠨ ᠪᠤᠭᠤᠷᠤᠯ ᠲᠣᠯᠣᠭᠠᠢ ᠲᠠᠢ ᠡᠪᠦᠭᠡᠵᠢᠶᠡᠷ ᠬᠥᠮᠦᠨ ᠪᠤᠯᠲᠠᠢᠨ ᠦᠵᠡᠭᠳᠡᠪᠡ᠃ 
       ᠡᠪᠦᠭᠡᠨ ᠡᠮᠦᠨᠡᠰᠢ ᠪᠡᠨ ᠲᠡᠨᠲᠦᠷ ᠮᠥᠨᠳᠥᠷ ᠬᠣᠶᠠᠷ ᠠᠯᠬᠤᠭᠰᠠᠨ ᠢ᠋ᠶ᠋ᠠᠨ ᠠᠯᠴᠠᠢᠨ ᠵᠣᠭᠰᠣᠭᠠᠳ᠂ ᠲᠦᠪᠰᠢᠨ ᠢ᠋ ᠪᠠᠬᠠᠨ ᠬᠠᠷᠠᠭᠰᠠᠨ ᠢ᠋ᠶ᠋ᠠᠨ ᠶᠠᠭᠤ ᠴᠦ᠍ ᠳᠤᠤᠭᠠᠷᠤᠭᠰᠠᠨ ᠦᠭᠡᠢ᠃ ᠳᠠᠬᠢᠨ ᠳᠡᠷᠭᠡᠳᠡᠬᠢ ᠭᠦᠭᠡᠳᠤᠯᠢ ᠤᠷᠤᠭᠤ ᠬᠠᠷᠠᠴᠠ ᠪᠠᠨ ᠰᠢᠯᠵᠢᠭᠦᠯᠦᠨ ᠬᠠᠷᠠᠭᠰᠠᠨ ᠢ᠋ᠶ᠋ᠠᠨ ᠲᠠᠨᠢᠭᠰᠠᠨ ᠪᠣᠯᠤᠯᠲᠠᠢ᠂ ᠲᠣᠯᠣᠭᠠᠢ ᠪᠠᠨ ᠳᠣᠬᠢᠨ ᠢᠨᠢᠶᠡᠮᠰᠦᠭᠯᠡᠵᠦ ᠬᠣᠶᠠᠭᠤᠯᠠ ᠶ᠋ᠢ ᠳᠣᠲᠣᠭᠰᠢ ᠤᠷᠢᠪᠠ᠃ 
       ᠡᠨᠡ ᠡᠪᠦᠭᠡᠨ ᠦ᠌ ᠣᠪᠣᠭ ᠯᠢ᠂ ᠪᠣᠯᠤᠷᠴᠠᠭᠠᠨ ᠲᠠᠢ ᠤᠳᠠᠭᠠᠨ ᠵᠢᠯ ᠠᠢᠯ ᠵᠡᠷᠭᠡᠯᠡᠳᠡᠭᠡ ᠰᠠᠭᠤᠭᠰᠠᠨ ᠠ᠋ᠴᠠ ᠦᠵᠡᠰᠬᠦᠯᠡᠩ ᠢ᠋ ᠬᠣᠣᠷᠯᠠᠭᠳᠠᠭᠰᠠᠨ ᠤ᠋ ᠳᠠᠷᠠᠭ᠎ᠠ᠂ ᠬᠠᠤᠯᠢ ᠴᠠᠭᠠᠵᠠ ᠶ᠋ᠢᠨ ᠺᠠᠳ᠋ᠷᠴᠤᠳ ᠡᠨᠳᠡ ᠠᠷᠪᠢᠨ ᠢᠷᠡᠵᠦ ᠪᠠᠢᠳᠠᠯ ᠢ᠋ ᠣᠢᠯᠠᠭᠠᠭᠰᠠᠨ ᠶᠤᠮ᠃ ᠬᠥᠬᠡᠲᠤᠯᠢ ᠴᠦ᠍ ᠮᠥᠨ ᠢᠩᠭᠢᠭᠡᠳ ᠡᠪᠦᠭᠡᠨ ᠲᠡᠢ ᠲᠠᠨᠢᠯᠴᠠᠭᠰᠠᠨ ᠪᠠᠢᠵᠠᠢ᠃ ᠭᠡᠢᠴᠢᠨ ᠵᠣᠴᠢᠨ ᠤ᠋ ᠡᠷᠡᠭᠡᠯᠡᠯ ᠨᠠᠢᠷ ᠳᠠᠭᠤᠰᠤᠨ ᠰᠠᠭᠤᠯᠴᠠᠭᠰᠠᠨ ᠤ᠋ ᠳᠠᠷᠠᠭ᠎ᠠ ᠲᠦᠪᠰᠢᠨ ᠵᠠᠮ ᠨᠡᠭᠡᠭᠡᠨ᠄ 
       — ᠲᠠ ᠮᠠᠨ ᠤ᠋ ᠬᠥᠬᠡᠲᠤᠯᠢ ᠨᠥᠬᠥᠷ ᠢ᠋ ᠲᠠᠨᠢᠬᠤ ᠪᠠᠢᠬ᠎ᠠ᠃ ᠪᠢᠳᠡ ᠨᠢᠭᠡ ᠪᠠᠢᠭᠤᠯᠭ᠎ᠠ ᠶ᠋ᠢᠨ ᠬᠢ ᠶᠦᠮ᠃ ᠮᠢᠨᠦ ᠨᠡᠷ᠎ᠡ ᠲᠦᠪᠰᠢᠨ᠂ ᠥᠨᠥ ᠣᠷᠣᠢ ᠶ᠋ᠢᠨ ᠴᠢᠯᠥᠭᠡ ᠪᠡᠨ ᠠᠰᠢᠭᠯᠠᠨ ᠲᠠᠨ ᠲᠠᠢ ᠪᠠᠬᠠᠨ ᠶᠠᠭᠤᠮ᠎ᠠ ᠶᠠᠷᠢᠯᠴᠠᠬᠤ ᠰᠠᠨᠠᠭ᠎ᠠ ᠲᠠᠢ ᠭᠡᠯ᠎ᠡ᠃ 
       ᠲᠡᠳᠡ ᠬᠡᠳᠦᠭᠦᠯᠡ ᠴᠢᠷᠠᠢ ᠪᠠᠨ ᠬᠠᠷᠠᠯᠴᠠᠨ ᠪᠠᠬᠠᠨ ᠳᠤᠭᠤᠢ ᠰᠠᠭᠤᠭᠰᠠᠨ ᠤ᠋ ᠳᠠᠷᠠᠭ᠎ᠠ ᠲᠦᠪᠰᠢᠨ ᠳᠠᠬᠢᠨ ᠠᠮᠠ ᠨᠡᠭᠡᠭᠡᠵᠦ᠄ 
       — ᠯᠢ ᠨᠠᠰᠤᠲᠠᠨ ᠠ᠋᠂ ᠥᠨᠥᠳᠥᠷ ᠪᠢᠳᠡᠨ ᠦ᠌ ᠢᠷᠡᠭᠰᠡᠨ ᠤᠴᠢᠷ ᠪᠣᠯ ᠮᠥᠨ ᠪᠣᠯᠤᠷᠴᠠᠭᠠᠨ ᠤ᠋ ᠲᠤᠬᠠᠢ ᠪᠠᠭ᠎ᠠ ᠰᠠᠭ᠎ᠠ ᠣᠢᠯᠠᠭᠠᠶ᠎ᠠ ᠭᠡᠰᠡᠨ ᠶᠦᠮ᠃ ᠲᠠᠨ ᠤ᠋ ᠠᠮᠠᠷᠠᠯᠲᠠ ᠶ᠋ᠢ ᠨᠥᠯᠥᠭᠡᠯᠡᠬᠦ ᠦᠭᠡᠢ ᠪᠢᠵᠡ? ᠭᠡᠲᠡᠯ᠎ᠡ ᠡᠪᠦᠭᠡᠨ ᠶᠠᠭᠠᠷᠠᠨ᠄ 
       — ᠬᠠᠮᠢᠶ᠎ᠠ ᠦᠭᠡᠢ᠂ ᠮᠢᠨᠦ ᠮᠡᠳᠡᠬᠦ ᠵᠦᠢᠯ ᠴᠢᠬᠤᠯᠠ ᠲᠠᠢ ᠪᠣᠯ ᠳᠠᠬᠢᠭᠠᠳ ᠶᠠᠷᠢᠭᠰᠠᠨ ᠴᠦ᠍ ᠪᠣᠯᠤᠨ᠎ᠠ᠃ ᠥᠩᠭᠡᠷᠡᠭᠰᠡᠨ ᠳ᠋ᠦ᠍ ᠪᠢ ᠮᠡᠳᠡᠬᠦ ᠪᠡᠨ ᠪᠦᠷ ᠳᠠᠬᠢᠨ ᠳᠠᠬᠢᠨ ᠶᠠᠷᠢᠭᠰᠠᠨ ᠰᠢᠭ᠋ ᠰᠠᠨᠠᠭᠳᠠᠨ᠎ᠠ ᠭᠡᠳ ᠦᠭᠡ ᠪᠡᠨ ᠪᠠᠬᠠᠨ ᠵᠠᠪᠰᠠᠷᠯᠠᠵᠤ ᠬᠥᠬᠡᠲᠤᠯᠢ ᠶ᠋ᠢ ᠬᠠᠷᠠᠭᠠᠳ᠄ 
       — ᠡᠨᠡ ᠵᠠᠯᠠᠭᠤ ᠮᠠᠨ ᠤ᠋ ᠳ᠋ᠤ᠌ ᠬᠡᠳᠦ ᠤᠳᠠᠭ᠎ᠠ ᠢᠷᠡᠭᠡᠳ ᠦᠵᠡᠰᠬᠦᠯᠡᠩ ᠦ᠋ᠨ ᠲᠤᠬᠠᠢ ᠶᠠᠷᠢᠭᠤᠯᠵᠤ ᠲᠡᠮᠳᠡᠭᠯᠡᠵᠦ ᠠᠪᠤᠭᠠᠳ ᠶᠠᠪᠤᠭᠰᠠᠨ ᠶᠤᠮ ᠰᠢᠦ ᠭᠡᠯ᠎ᠡ᠃ 
       — ᠲᠡᠢᠮᠦ᠂ ᠲᠡᠢᠮᠦ᠃ ᠭᠡᠲᠡᠯ᠎ᠡ ᠥᠨᠥᠳᠥᠷ ᠲᠠᠨ ᠠ᠋ᠴᠠ ᠦᠵᠡᠰᠬᠦᠯᠡᠩ ᠢ᠋ ᠬᠣᠣᠷᠯᠠᠭᠳᠠᠬᠤ ᠠ᠋ᠴᠠ ᠡᠮᠦᠨᠡᠬᠢ ᠲᠡᠳᠡᠨ ᠦ᠌ ᠡᠷ᠎ᠡ ᠡᠮ᠎ᠡ ᠬᠣᠶᠠᠭᠤᠯᠠ ᠶᠢᠨ ᠭᠡᠷ ᠪᠦᠯᠢ ᠶ᠋ᠢᠨ ᠡᠪ ᠨᠠᠢᠷ ᠤ᠋ᠨ ᠠᠰᠠᠭᠤᠳᠠᠯ ᠢ᠋ ᠣᠢᠯᠠᠭᠠᠶ᠎ᠠ ᠭᠡᠵᠦ ᠢᠷᠡᠯ᠎ᠡ᠃ 
       — ᠡᠨᠡ ᠴᠦ᠍ ᠪᠡᠷᠬᠡ ᠲᠡᠢ ᠠᠰᠠᠭᠤᠳᠠᠯ ᠪᠠᠢᠨ᠎ᠠ᠃ ᠭᠡᠷ ᠪᠦᠯᠢ ᠶ᠋ᠢᠨ ᠳᠣᠲᠣᠭᠠᠳᠤ ᠳ᠋ᠠᠬᠢ ᠡᠪᠳᠡᠷᠡᠯ᠂ ᠴᠠᠭᠠᠳᠤᠬᠢ ᠨᠢᠭᠤᠴᠠ ᠶ᠋ᠢ ᠨᠢ ᠪᠢ ᠬᠡᠯᠡᠬᠦ ᠳ᠋ᠦ᠍ ᠪᠠᠷᠢᠮᠲᠠ ᠦᠭᠡᠢ ᠰᠢᠭ ᠪᠠᠢᠨ᠎ᠠ᠃ ᠵᠥᠪᠬᠡᠨ ᠭᠠᠳᠠᠨ᠎ᠠ ᠠ᠋ᠴᠠ ᠨᠢ ᠦᠵᠡᠵᠦ ᠣᠢᠯᠠᠭᠠᠭᠰᠠᠨ ᠲᠡᠳᠦᠢ ᠪᠡᠨ ᠶᠠᠷᠢᠶ᠎ᠠ᠃ 
       — ᠪᠣᠯᠤᠨ᠎ᠠ᠂ ᠪᠣᠯᠤᠨ᠎ᠠ᠂ ᠲᠠ ᠣᠢᠯᠠᠭᠠᠭᠰᠠᠨ ᠤ᠋ ᠪᠠᠨ ᠬᠢᠷᠢ ᠪᠡᠷ ᠶᠠᠷᠢᠭᠠᠳ ᠥᠭ ᠳᠡ᠃ 
       ᠡᠪᠦᠭᠡᠨ ᠲᠠᠮᠠᠬᠢ ᠪᠠᠨ ᠬᠡᠳᠦ ᠬᠦᠴᠦᠲᠡᠢ ᠰᠣᠷᠣᠵᠤ ᠪᠠᠬ᠎ᠠ ᠪᠣᠳᠣᠯᠬᠢᠯᠠᠭᠠᠳ᠄ 
       — ᠦᠨᠡᠨ ᠳᠦ ᠪᠡᠨ ᠡᠨᠡ ᠬᠣᠶᠠᠷ ᠭᠠᠢᠭᠤᠢ ᠲᠠᠭᠠᠷᠠᠯᠴᠠᠭᠰᠠᠨ ᠡᠷ᠎ᠡ ᠡᠮ᠎ᠡ ᠪᠠᠢᠭᠰᠠᠨ᠃ ᠪᠢᠳᠡ ᠤᠳᠠᠭᠠᠨ ᠵᠢᠯ ᠵᠡᠷᠭᠡᠯᠡᠳᠡᠭᠡ ᠰᠠᠭᠤᠬᠤ ᠳᠤ ᠪᠠᠨ ᠨᠠᠭᠠᠰᠢ ᠴᠠᠭᠠᠰᠢ ᠶᠠᠪᠤᠯᠴᠠᠨ ᠶᠡᠬᠡ ᠰᠠᠢᠬᠠᠨ ᠳᠠᠰᠤᠯᠴᠠᠭᠰᠠᠨ ᠶᠤᠮ᠃ ᠲᠡᠷᠡ ᠬᠣᠶᠠᠭᠤᠯᠠ ᠶ᠋ᠢᠨ ᠨᠢᠭᠤᠷ ᠤᠯᠠᠢᠯᠴᠠᠨ ᠬᠡᠷᠡᠯᠳᠦᠵᠦ ᠴᠤᠤᠭᠢᠵᠤ ᠪᠠᠢᠭᠰᠠᠨ ᠢ᠋ ᠪᠢ ᠤᠤᠯ ᠨᠢ ᠶᠡᠷᠦ ᠦᠵᠡᠭᠰᠡᠨ ᠦᠭᠡᠢ᠃ ᠭᠡᠲᠡᠯ᠎ᠡ ᠦᠵᠡᠰᠬᠦᠯᠡᠩ ᠢ᠋ ᠬᠣᠣᠷᠯᠠᠭᠳᠠᠬᠤ ᠶ᠋ᠢᠨ ᠡᠮᠦᠨ᠎ᠡ ᠬᠡᠳᠦᠨ ᠰᠠᠷ᠎ᠠ ᠳ᠋ᠤ᠌ ᠴᠣᠬᠣᠮ ᠶᠠᠭᠠᠬᠢᠭᠰᠠᠨ ᠢ᠋ ᠪᠤᠤ ᠮᠡᠳᠡ᠂ ᠶᠠᠭ ᠯᠠ ᠠᠳᠠ ᠣᠷᠣᠰᠢᠨ ᠴᠢᠳᠬᠥᠷ ᠵᠠᠢᠳᠠᠯᠠᠴᠢᠬᠠᠭᠰᠠᠨ ᠰᠢᠭ᠋ ᠬᠣᠶᠠᠭᠤᠯᠠ ᠶ᠋ᠢᠨ ᠬᠠᠷᠢᠴᠠᠭ᠎ᠠ ᠡᠪᠳᠡᠷᠡᠨ ᠣᠯᠤᠯᠴᠠᠬᠤ ᠪᠠᠨ ᠪᠠᠢᠴᠢᠬᠠᠪᠠ᠃ ᠬᠠᠭᠠᠰ ᠨᠠᠰᠤ ᠪᠠᠨ ᠥᠩᠭᠡᠷᠡᠭᠡᠭᠰᠡᠨ ᠤᠯᠤᠰ ᠪᠣᠯᠪᠠᠴᠤ᠂ ᠴᠤᠤᠭᠢᠯᠳᠤᠨ ᠵᠣᠳᠣᠯᠴᠠᠬᠤ ᠨᠢ ᠨᠡᠭᠡᠷᠡᠨ ᠵᠠᠯᠠᠭᠤᠴᠤᠳ ᠠ᠋ᠴᠠ ᠬᠠᠲᠠᠭᠤ ᠰᠢᠷᠦᠭᠦᠨ ᠪᠠᠢᠯ᠎ᠠ ᠭᠡᠳ ᠬᠣᠭᠣᠯᠠᠢ ᠪᠠᠨ ᠨᠢᠭᠡ ᠵᠠᠰᠠᠵᠤ ᠠᠪᠤᠭᠠᠳ᠄ 
       — ᠦᠵᠡᠰᠬᠦᠯᠡᠩ ᠢ᠋ ᠬᠣᠣᠷᠯᠠᠭᠳᠠᠬᠤ ᠶ᠋ᠢᠨ ᠡᠮᠦᠨ᠎ᠡ ᠭᠤᠷᠪᠠ ᠳᠥᠷᠪᠡᠨ ᠰᠠᠷ᠎ᠠ ᠶ᠋ᠢᠨ ᠦᠶ᠎ᠡ ᠳ᠋ᠦ᠍ ᠰᠢᠭ ᠰᠠᠨᠠᠭᠳᠠᠵᠤ ᠪᠠᠢᠨ᠎ᠠ᠃ ᠨᠢᠭᠡ ᠰᠥᠨᠢ ᠶ᠋ᠢᠨ ᠭᠦᠨ ᠳ᠋ᠦ᠍ ᠭᠡᠨᠡᠳᠲᠡ ᠬᠠᠵᠠᠭᠤ ᠶ᠋ᠢᠨ ᠭᠡᠷ ᠲᠡᠬᠢ ᠬᠥᠮᠦᠰ ᠦ᠋ᠨ ᠪᠠᠷᠬᠢᠷᠠᠯᠴᠠᠬᠤ ᠳᠠᠭᠤᠨ ᠳ᠋ᠤ᠌ ᠪᠢ ᠰᠣᠴᠢᠨ ᠰᠡᠷᠡᠵᠦ ᠣᠷᠣ ᠠ᠋ᠴᠠ ᠪᠠᠨ ᠥᠨᠳᠡᠢᠨ ᠪᠣᠰᠤᠭᠠᠳ ᠴᠢᠩᠨᠠᠬᠤᠯ᠎ᠠ ᠬᠠᠵᠠᠭᠤ ᠶ᠋ᠢᠨ ᠭᠡᠷ ᠡᠴᠡ ᠶᠡᠬᠡ ᠪᠠᠭ᠎ᠠ ᠳᠠᠭᠤ ᠭᠠᠷᠴᠤ ᠪᠣᠯᠤᠷᠴᠠᠭᠠᠨ ᠡᠷ᠎ᠡ ᠡᠮ᠎ᠡ ᠬᠣᠶᠠᠭᠤᠯᠠ ᠬᠡᠷᠡᠯᠳᠦᠵᠦ ᠵᠣᠳᠣᠯᠴᠠᠵᠤ ᠪᠠᠢᠬᠤ ᠮᠠᠶᠢᠭ ᠲᠠᠢ ᠪᠠᠢᠯ᠎ᠠ᠃ ᠪᠢ ᠲᠡᠳᠡᠨ ᠦ᠌ ᠬᠡᠷᠡᠯᠳᠦᠵᠦ ᠵᠣᠳᠣᠯᠴᠠᠵᠤ ᠶᠠᠪᠤᠬᠤ ᠶ᠋ᠢ ᠶᠡᠷᠦ ᠡᠴᠡ ᠦᠵᠡᠭᠰᠡᠨ ᠦᠭᠡᠢ ᠲᠤᠯᠠ ᠶᠡᠬᠡ ᠭᠠᠢᠬᠠᠵᠤ ᠠᠪᠤᠪᠠ᠃ ᠤᠳᠠᠭᠰᠠᠨ ᠦᠭᠡᠢ᠂ ᠯᠢ ᠠᠪᠤ ᠠᠮᠢ ᠠᠪᠤᠷᠠ᠁ ᠭᠡᠵᠦ ᠦᠵᠡᠰᠬᠦᠯᠡᠩ ᠦ᠋ᠨ ᠴᠢᠨᠡᠭᠡ ᠮᠡᠳᠡᠨ ᠴᠢᠷᠠᠯᠠᠨ ᠪᠠᠷᠬᠢᠷᠠᠬᠤ ᠳᠠᠭᠤᠨ ᠰᠣᠨᠣᠰᠳᠠᠪᠠ᠃ ᠪᠢ ᠬᠤᠪᠴᠠᠰᠤ ᠪᠠᠨ ᠶᠠᠭᠠᠷᠠᠤ ᠰᠠᠨᠳᠤᠷᠤᠤ ᠨᠥᠮᠥᠷᠦᠭᠡᠳ ᠪᠣᠯᠤᠷᠴᠠᠭᠠᠨ ᠤ᠋ ᠡᠭᠦᠳᠡᠨ ᠳᠡᠷᠭᠡᠳᠡ ᠬᠦᠷᠪᠡᠯ᠂ ᠦᠵᠡᠰᠬᠦᠯᠡᠩ ᠮᠢᠨᠦ ᠥᠭᠡᠳᠡ ᠡᠴᠡ ᠭᠦᠶᠦᠨ ᠭᠠᠷᠴᠤ ᠢᠷᠡᠪᠡ᠃ ᠨᠢᠭᠤᠷ ᠨᠢᠳᠦᠨ ᠡᠴᠡ ᠨᠢ ᠴᠢᠰᠤ ᠨᠥᠵᠢ ᠭᠣᠭᠣᠵᠢᠨ ᠦᠰᠦ ᠭᠡᠵᠢᠭᠡ ᠨᠢ ᠰᠠᠭᠰᠠᠢᠭᠠᠳ ᠠᠶᠤᠮᠠᠷ ᠳᠦᠷᠢ ᠲᠡᠢ ᠪᠣᠯᠵᠠᠢ᠃ ᠠᠷᠤ ᠠ᠋ᠴᠠ ᠨᠢ ᠪᠣᠯᠤᠷᠴᠠᠭᠠᠨ ᠭᠠᠷ ᠲᠤ ᠪᠠᠨ ᠭᠠᠯ ᠤ᠋ᠨ ᠬᠠᠢᠴᠢ ᠪᠠᠷᠢᠨ ᠬᠥᠭᠡᠭᠡᠵᠦ ᠭᠠᠷᠴᠤ ᠢᠷᠡᠪᠡ᠃ ᠦᠵᠡᠰᠬᠦᠯᠡᠩ ᠭᠠᠷᠴᠤ ᠢᠷᠡᠮᠡᠭᠴᠡ ᠨᠠᠮ᠎ᠠ ᠶᠢ ᠣᠯᠵᠤ ᠦᠵᠡᠭᠡᠳ ᠲᠡᠪᠡᠷᠢᠭᠡᠳ ᠠᠪᠤᠯ᠎ᠠ᠃ ᠪᠢ ᠪᠡᠶ᠎ᠡ ᠪᠡᠷ ᠢ᠋ᠶ᠋ᠡᠨ ᠦᠵᠡᠰᠬᠦᠯᠡᠩ ᠢ᠋ ᠬᠠᠯᠬᠠᠯᠠᠨ ᠪᠣᠯᠤᠷᠴᠠᠭᠠᠨ ᠤ᠋ ᠵᠣᠳᠣᠬᠤ ᠶ᠋ᠢ ᠬᠣᠷᠢᠭᠯᠠᠵᠤ ᠪᠠᠢᠲᠠᠯ᠎ᠠ ᠠᠢᠯ ᠠᠢᠮᠠᠭ ᠤ᠋ᠨ ᠬᠥᠮᠦᠰ ᠴᠦ᠍ ᠦᠢᠮᠡᠯᠳᠦᠨ ᠢᠷᠡᠭᠡᠳ ᠪᠣᠯᠤᠷᠴᠠᠭᠠᠨ ᠢ᠋ ᠬᠣᠮᠣᠷᠤᠯᠳᠤᠨ ᠢᠳᠬᠠᠵᠤ ᠬᠣᠷᠢᠭᠯᠠᠪᠠ᠃ ᠪᠣᠯᠤᠷᠴᠠᠭᠠᠨ ᠣᠯᠠᠨ ᠬᠥᠮᠦᠨ ᠢ᠋ ᠦᠵᠡᠭᠡᠳ ᠣᠮᠣᠭ ᠨᠢ ᠤᠯᠠᠮ ᠬᠥᠳᠡᠯᠵᠦ ᠠᠮᠠ ᠬᠠᠮᠬᠢᠯ ᠦᠭᠡᠢ ᠡᠯᠳᠡᠪ ᠢ᠋ᠶ᠋ᠡᠷ ᠬᠠᠷᠢᠶᠠᠨ ᠲᠡᠮᠦᠷ ᠬᠠᠢᠴᠢ ᠪᠠᠨ ᠬᠤᠷᠤᠢᠯᠠᠨ ᠨᠢᠳᠤᠷᠭ᠎ᠠ ᠪᠠᠨ ᠡᠷᠭᠢᠯᠳᠦᠭᠦᠯᠵᠦ᠂ ᠠᠯᠠᠶ᠎ᠠ ᠪᠤᠯᠠᠶ᠎ᠠ ᠭᠡᠵᠦ ᠰᠦᠷᠳᠡᠭᠦᠯᠵᠦ ᠪᠠᠢᠪᠠ᠃ ᠣᠯᠠᠨ ᠬᠥᠮᠦᠨ ᠦ᠌ ᠢᠳᠬᠠᠵᠤ ᠬᠣᠷᠢᠭᠯᠠᠬᠤ ᠶ᠋ᠢᠨ ᠬᠦᠴᠦ ᠪᠡᠷ ᠲᠡᠷᠡ ᠭᠠᠷ ᠳᠠᠬᠢ ᠲᠡᠮᠦᠷ ᠬᠠᠢᠴᠢ ᠪᠠᠨ ᠭᠡᠷ ᠦ᠋ᠨ ᠢ᠋ᠶ᠋ᠡᠨ ᠡᠭᠦᠳᠡ ᠤᠷᠤᠭᠤ ᠬᠦᠴᠦᠯᠡᠨ ᠴᠣᠬᠢᠭᠠᠳ ᠪᠡᠶ᠎ᠡ ᠡᠷᠭᠢᠮᠡᠭᠴᠡ ᠰᠢᠭᠤᠳ ᠵᠡᠭᠡᠯᠢ ᠤᠷᠤᠭᠤ ᠶᠠᠪᠤᠴᠢᠬᠠᠪᠠ᠃ ᠦᠵᠡᠰᠬᠦᠯᠡᠩ ᠲᠡᠭᠦᠨ ᠦ᠌ ᠶᠠᠪᠤᠭᠰᠠᠨ ᠢ᠋ ᠦᠵᠡᠭᠡᠳ ᠳᠠᠬᠢᠨ ᠶᠠᠭᠤ ᠴᠦ᠍ ᠶᠠᠷᠢᠭᠰᠠᠨ ᠦᠭᠡᠢ᠂ ᠬᠣᠢᠨ᠎ᠠ ᠠ᠋ᠴᠠ ᠨᠢ ᠨᠡᠯᠢᠶᠡᠳ ᠬᠠᠷᠠᠵᠤ ᠬᠠᠷᠠᠭᠠᠳ ᠨᠢᠳᠦᠨ ᠳ᠋ᠦ᠍ᠨᠢ ᠶᠡᠬᠡ ᠯᠡ ᠥᠨᠥᠴᠢᠷᠡᠵᠦ ᠬᠣᠭᠣᠰᠣᠷᠠᠭᠰᠠᠨ ᠪᠠᠢᠳᠠᠯ ᠶᠤᠮ ᠤᠤ? ᠡᠰᠡᠪᠡᠯ ᠬᠠᠷᠠᠮᠰᠠᠵᠤ ᠭᠣᠮᠣᠳᠠᠭᠰᠠᠨ ᠢᠯᠡᠷᠡᠯ ᠴᠦ᠍ ᠶᠤᠮ ᠤᠤ? ᠪᠤᠤ ᠮᠡᠳᠡ᠃ ᠨᠢᠭᠡ ᠯᠡ ᠡᠪ ᠦᠭᠡᠢ ᠳᠦᠷᠢ ᠲᠡᠢ ᠪᠣᠯᠵᠤ ᠬᠣᠴᠣᠷᠪᠠ᠃ ᠤᠳᠠᠭᠰᠠᠨ ᠦᠭᠡᠢ ᠦᠵᠡᠰᠬᠦᠯᠡᠩ ᠠᠷᠭ᠎ᠠ ᠪᠠᠨ ᠪᠠᠷᠠᠭᠰᠠᠨ ᠪᠠᠢᠳᠠᠯ ᠲᠠᠢ ᠪᠠᠷ ᠰᠢᠬᠠᠯᠳᠤᠨ ᠬᠣᠮᠣᠷᠤᠭᠰᠠᠨ ᠬᠥᠮᠦᠰ ᠲᠦ᠍ ᠲᠠᠯᠠᠷᠬᠠᠯ᠎ᠠ ᠭᠡᠵᠦ ᠬᠡᠯᠡᠭᠡᠳ ᠬᠠᠨᠴᠤᠢ ᠪᠠᠷ ᠢ᠋ᠶ᠋ᠠᠨ ᠴᠢᠰᠤ ᠨᠢᠯᠪᠤᠰᠤ ᠪᠠᠨ ᠠᠷᠴᠢᠭᠠᠳ ᠭᠡᠷ ᠲᠤ ᠪᠠᠨ ᠭᠦᠶᠦᠨ ᠣᠷᠣᠯ᠎ᠠ᠃ ᠪᠢᠳᠡ ᠴᠦ᠍ ᠳᠣᠣᠷ᠎ᠠ ᠨᠢ ᠲᠠᠷᠬᠠᠵᠤ ᠶᠠᠪᠤᠵᠠᠭᠠᠵᠠᠢ᠃ ᠲᠡᠷᠡ ᠰᠥᠨᠢ ᠴᠣᠬᠣᠮ ᠪᠣᠯᠤᠷᠴᠠᠭᠠᠨ ᠬᠠᠷᠢᠵᠤ ᠢᠷᠡᠭᠰᠡᠨ ᠡᠰᠡᠬᠦ ᠶ᠋ᠢ ᠮᠡᠳᠡᠭᠰᠡᠨ ᠦᠭᠡᠢ᠃ ᠶᠠᠭᠤ ᠪᠣᠯᠤᠭᠰᠠᠨ ᠴᠦ᠍ ᠳᠠᠬᠢᠭᠠᠳ ᠠᠨᠢᠷ ᠴᠢᠮᠡᠭᠡ ᠭᠠᠷᠤᠭᠰᠠᠨ ᠦᠭᠡᠢ ᠮᠥᠷᠲᠡᠭᠡᠨ ᠮᠠᠷᠭᠠᠰᠢ ᠠ᠋ᠴᠠ ᠨᠢ ᠬᠣᠶᠠᠭᠤᠯᠠ ᠬᠣᠭᠣᠷᠣᠨᠳᠣ ᠪᠠᠨ ᠵᠢᠷ ᠵᠣᠷ ᠭᠡᠬᠦ ᠦᠭᠡᠢ ᠣᠷᠣᠵᠤ ᠭᠠᠷᠴᠤ ᠪᠠᠢᠬᠤ ᠶ᠋ᠢ ᠨᠢ ᠦᠵᠡᠭᠡᠳ ᠪᠢᠳᠡ ᠴᠦ᠍ ᠰᠠᠨᠠᠭ᠎ᠠ ᠠᠮᠠᠷᠠᠯ᠎ᠠ᠃ ᠡᠪᠯᠡᠷᠡᠭᠰᠡᠨ ᠦ᠌ ᠬᠣᠢᠨ᠎ᠠ ᠳᠠᠬᠢᠭᠠᠳ ᠠᠰᠠᠭᠤᠵᠤ ᠯᠠᠪᠯᠠᠬᠤ ᠬᠥᠮᠦᠨ ᠦᠭᠡᠢ᠂ ᠰᠣᠨᠢᠷᠬᠠᠵᠤ ᠬᠡᠯᠡᠯᠴᠡᠬᠦ ᠴᠦ᠍ ᠴᠢᠬᠤᠯᠠ ᠦᠭᠡᠢ ᠳᠠᠭᠤᠰᠴᠠᠢ᠃
       — ᠲᠡᠳᠡ ᠬᠣᠭᠣᠷᠣᠨᠳᠣ ᠪᠠᠨ ᠴᠤᠤᠭᠢᠯᠴᠠᠬᠤ ᠳᠤ ᠪᠠᠨ ᠶᠠᠭᠤ ᠶᠠᠭᠤ ᠭᠡᠵᠦ ᠬᠡᠯᠡᠯᠴᠡᠵᠦ ᠪᠠᠶᠢᠪᠠ? 
       — ᠦᠵᠡᠰᠬᠦᠯᠡᠩ ᠶᠠᠭᠤ ᠴᠦ᠍ ᠬᠡᠯᠡᠭᠰᠡᠨ ᠦᠭᠡᠢ᠃ ᠬᠠᠷᠢᠨ ᠪᠣᠯᠤᠷᠴᠠᠭᠠᠨ ᠯᠠ ᠴᠢ ᠲᠡᠷᠡ ᠨᠣᠶᠠᠨ ᠲᠠᠢ ᠪᠠᠨ ᠶᠠᠪᠤᠵᠤ ᠤᠨᠲᠠᠨ᠎ᠠ ᠪᠢᠵᠡ! ᠶᠠᠭᠤᠨ ᠳ᠋ᠤ᠌ ᠬᠠᠷᠢᠵᠤ ᠢᠷᠡᠭᠰᠡᠨ ᠪᠣᠢ? ᠨᠣᠶᠠᠨ ᠡᠴᠢᠭᠡ ᠲᠡᠢ ᠪᠡᠨ᠁ ᠶᠠᠩᠬᠠᠨ᠁ ᠭᠡᠵᠦ ᠯᠡ ᠠᠮᠠ ᠬᠠᠮᠬᠢᠯ ᠦᠭᠡᠢ ᠬᠠᠷᠢᠶᠠᠵᠤ ᠪᠠᠢᠭᠰᠠᠨ᠃ ᠪᠠᠢᠳᠠᠯ ᠠ᠋ᠴᠠ ᠦᠵᠡᠬᠦ ᠳ᠋ᠦ᠍ ᠠᠷᠢᠬᠢ ᠤᠤᠭᠤᠵᠤ ᠪᠠᠢᠭᠠᠳ ᠴᠢᠨᠠᠭᠰᠢ ᠬᠡᠷᠡᠯᠳᠦᠭᠰᠡᠨ ᠪᠣᠯᠤᠯᠲᠠᠢ᠃ ᠦᠵᠡᠰᠬᠦᠯᠡᠩ ᠨᠠᠮ᠎ᠠ ᠶᠢ ᠲᠡᠪᠡᠷᠢᠨ ᠠᠪᠬᠤ ᠳ᠋ᠤ᠌ ᠠᠮᠠᠨ ᠠ᠋ᠴᠠ ᠨᠢ ᠠᠷᠢᠬᠢᠨ ᠤ᠋ ᠦᠨᠦᠷ ᠬᠠᠩᠬᠤᠯᠵᠤ ᠪᠠᠢᠭᠰᠠᠨ᠃ ᠲᠡᠭᠡᠭᠡᠳ ᠪᠢ ᠡᠨᠡ ᠬᠣᠶᠠᠷ ᠶᠠᠮᠠᠷ ᠨᠢᠭᠡ ᠳᠠᠷᠤᠭ᠎ᠠ ᠳ᠋ᠤ᠌ ᠤᠷᠢᠭᠳᠠᠵᠤ ᠣᠴᠢᠭᠠᠳ ᠨᠠᠷᠭᠢᠯᠳᠤᠵᠤ ᠪᠠᠢᠬᠤ ᠳᠤ ᠪᠠᠨ ᠶᠠᠮᠠᠷ ᠨᠢᠭᠡᠨ ᠦᠭᠡ ᠶᠠᠷᠢᠶ᠎ᠠ᠂ ᠦᠢᠯᠡ ᠬᠥᠳᠡᠯᠦᠯ ᠡᠪ ᠦᠭᠡᠢ ᠪᠣᠯᠵᠤ ᠡᠪᠳᠡᠷᠡᠯᠴᠡᠭᠰᠡᠨ ᠶᠦᠮ ᠤᠤ ᠭᠡᠵᠦ ᠳᠣᠲᠣᠷ᠎ᠠ ᠪᠠᠨ ᠪᠣᠳᠣᠭᠰᠠᠨ ᠶᠤᠮ᠃ 
       — ᠦᠵᠡᠰᠬᠦᠯᠡᠩ ᠶᠡᠷᠦ ᠳᠦ ᠪᠡᠨ ᠠᠷᠢᠬᠢ ᠤᠤᠭᠤᠳᠠᠭ ᠤᠤ? 
       — ᠲᠡᠭᠦᠨ ᠦ᠌ ᠠᠷᠢᠬᠢ ᠤᠤᠭᠤᠵᠤ ᠪᠠᠢᠬᠤ ᠶ᠋ᠢ ᠶᠡᠷᠦ ᠣᠯᠵᠤ ᠦᠵᠡᠭᠰᠡᠨ ᠦᠭᠡᠢ᠃ 
       — ᠲᠡᠷᠡ ᠰᠥᠨᠢ ᠶ᠋ᠢᠨ ᠬᠤᠪᠴᠠᠰᠤ ᠡᠮᠦᠰᠦᠭᠰᠡᠨ ᠪᠠᠢᠳᠠᠯ ᠨᠢ ᠶᠠᠮᠠᠷ ᠰᠢᠭ᠋ ᠪᠠᠢᠪᠠ? 
       — ᠬᠣᠶᠠᠭᠤᠯᠠ ᠪᠠᠨ ᠬᠤᠪᠴᠠᠰᠤ ᠪᠠᠨ ᠳᠠᠷᠢ ᠲᠡᠭᠰᠢ ᠡᠮᠦᠰᠴᠦ ᠪᠠᠢᠭᠰᠠᠨ᠃ 
       — ᠲᠡᠷᠡ ᠦᠶ᠎ᠡ ᠳ᠋ᠦ᠍ ᠪᠠᠷᠤᠭ ᠬᠡᠳᠦᠨ ᠴᠠᠭ ᠪᠣᠯᠵᠤ ᠪᠠᠢᠭᠰᠠᠨ ᠪᠣᠢ? 
       — ᠰᠥᠨᠢ ᠶ᠋ᠢᠨ ᠨᠢᠭᠡ ᠴᠠᠭ ᠯᠠ ᠪᠣᠯᠵᠤ ᠪᠠᠢᠭᠰᠠᠨ ᠪᠠᠢᠬᠤ᠃ 
       — ᠲᠠ ᠦᠷᠭᠦᠯᠵᠢᠯᠡᠨ ᠶᠠᠷᠢᠭᠠᠷᠠᠢ!  
       — ᠬᠣᠶᠠᠳᠤᠭᠠᠷ ᠤᠳᠠᠭ᠎ᠠ ᠨᠢ ᠨᠢᠭᠡ ᠦᠳᠡ ᠳ᠋ᠦ᠍ ᠭᠡᠨᠡᠳᠲᠡ ᠪᠣᠯᠤᠷᠴᠠᠭᠠᠨ ᠤ᠋ ᠭᠡᠷ ᠲᠦ᠍ ᠴᠤᠤᠭᠢᠯᠴᠠᠬᠤ ᠴᠢᠮᠡᠭᠡ ᠭᠠᠷᠪᠠ᠃ ᠪᠢ ᠶᠠᠭᠠᠷᠠᠤ ᠰᠠᠨᠳᠤᠷᠤᠤ ᠭᠠᠷᠴᠤ ᠣᠴᠢᠬᠤ ᠳ᠋ᠤ᠌ ᠠᠢᠯ ᠠᠢᠮᠠᠭ ᠤ᠋ᠨ ᠬᠢᠨ ᠪᠦᠷ ᠭᠠᠷᠴᠤ ᠢᠷᠡᠭᠡᠳ ᠪᠠᠢᠭᠰᠠᠨ᠃ ᠤᠳᠠᠭᠰᠠᠨ ᠦᠭᠡᠢ ᠦᠵᠡᠰᠬᠦᠯᠡᠩ ᠭᠡᠷ ᠡᠴᠡ ᠪᠡᠨ ᠭᠦᠶᠦᠨ ᠭᠠᠷᠴᠤ ᠢᠷᠡᠬᠦ ᠳ᠋ᠦ᠍ ᠦᠰᠦ ᠭᠡᠵᠢᠭᠡ ᠨᠢ ᠠᠯᠳᠠᠷᠠᠭᠠᠳ ᠨᠢᠭᠤᠷ ᠭᠠᠷ ᠠ᠋ᠴᠠ ᠨᠢ ᠴᠢᠰᠤ ᠨᠥᠵᠢ ᠭᠣᠭᠣᠵᠢᠨ ᠳᠤᠰᠤᠯᠠᠵᠤ ᠪᠠᠶᠢᠪᠠ᠃ ᠠᠷᠤ ᠠ᠋ᠴᠠ ᠨᠢ ᠪᠣᠯᠤᠷᠴᠠᠭᠠᠨ ᠪᠣᠣᠳᠤᠤ ᠳᠠᠯᠠᠢᠨ ᠬᠥᠭᠡᠭᠡᠵᠦ ᠭᠠᠷᠴᠤ ᠢᠷᠡᠪᠡ᠃ ᠪᠢᠳᠡ ᠦᠵᠡᠰᠬᠦᠯᠡᠩ ᠢ᠋ ᠬᠠᠮᠠᠭᠠᠯᠠᠨ ᠠᠪᠬᠤ ᠳ᠋ᠤ᠌ ᠪᠣᠯᠤᠷᠴᠠᠭᠠᠨ ᠪᠠᠰᠠ ᠯᠠ ᠠᠮᠠᠨ ᠳᠤ ᠪᠠᠨ᠄ 
      《ᠴᠢ ᠨᠠᠮ᠎ᠠ ᠶᠢ ᠳᠠᠩᠴᠤ ᠳᠠᠷᠤᠯᠠᠵᠤ ᠪᠠᠢᠨ᠎ᠠ᠂ ᠪᠤᠵᠠᠷ ᠵᠡᠷᠭᠡ ᠳᠡᠰ᠁ ᠣᠷᠣᠨ ᠰᠠᠭᠤᠴᠠ᠁ ᠬᠤᠷᠳᠤᠨ ᠲᠣᠨᠢᠯᠵᠤ ᠭᠠᠭᠴᠠᠭᠠᠷ ᠢ᠋ᠶ᠋ᠠᠨ ᠣᠴᠢᠵᠤ ᠰᠠᠭᠤ᠃ ᠮᠠᠭᠤ ᠶᠠᠩᠬᠠᠨ》 ᠭᠡᠵᠦ ᠡᠯᠳᠡᠪ ᠢ᠋ᠶ᠋ᠡᠷ ᠵᠦᠬᠡᠨ ᠬᠠᠷᠢᠶᠠᠬᠤ ᠳ᠋ᠤ᠌ ᠬᠥᠮᠦᠰ ᠵᠦᠭ ᠪᠣᠯᠭᠠᠨ ᠠ᠋ᠴᠠ ᠨᠢ ᠪᠣᠯᠤᠷᠴᠠᠭᠠᠨ ᠢ᠋ ᠲᠠᠲᠠᠵᠤ ᠴᠢᠩᠭᠠᠭᠠᠳ ᠬᠢᠲᠤᠭ᠎ᠠ ᠶ᠋ᠢ ᠨᠢ ᠪᠤᠯᠢᠶᠠᠨ ᠠᠪᠤᠭᠰᠠᠨ ᠶᠤᠮ᠃ ᠣᠷᠣᠢ ᠶ᠋ᠢᠨ ᠠᠵᠢᠯᠯᠠᠬᠤ ᠴᠠᠭ ᠪᠣᠯᠬᠤ ᠳ᠋ᠤ᠌ ᠪᠣᠯᠤᠷᠴᠠᠭᠠᠨ ᠠᠭᠤᠷ ᠨᠢ ᠨᠠᠮᠳᠠᠵᠤ ᠣᠯᠠᠨ ᠤ᠋ ᠳᠤᠮᠳᠠ ᠠ᠋ᠴᠠ ᠭᠠᠷᠴᠤ ᠭᠡᠷ ᠲᠦ ᠪᠡᠨ ᠣᠷᠣᠪᠠ᠃ ᠦᠵᠡᠰᠬᠦᠯᠡᠩ ᠮᠠᠨ ᠤ᠋ ᠳ᠋ᠤ᠌ ᠢᠷᠡᠵᠦ ᠨᠢᠭᠤᠷ ᠭᠠᠷ ᠢ᠋ᠶ᠋ᠠᠨ ᠤᠬᠢᠶᠠᠨ᠂ ᠰᠢᠷᠬ᠎ᠠ ᠰᠣᠷᠪᠢ ᠪᠠᠨ ᠪᠣᠭᠣᠵᠤ ᠴᠡᠪᠡᠷᠯᠡᠯ᠎ᠡ᠃ ᠪᠢ ᠲᠡᠭᠦᠨ ᠳ᠋ᠦ᠍᠄ 《ᠦᠵᠡᠰᠬᠦᠯᠡᠩ ᠬᠡᠦᠬᠡᠨ ᠠ᠋᠂ ᠲᠠᠨᠤᠰ ᠴᠢᠨᠢ ᠠᠷᠪᠠᠨ ᠬᠡᠳᠦᠨ ᠵᠢᠯ ᠦ᠋ᠨ ᠰᠠᠢᠬᠠᠨ ᠡᠷ᠎ᠡ ᠡᠮ᠎ᠡ ᠪᠠᠢᠭᠠᠳ ᠣᠢᠷ᠎ᠠ ᠳ᠋ᠤ᠌ ᠶᠠᠭᠠᠬᠢᠭᠠᠳ ᠵᠣᠳᠣᠯᠴᠠᠭᠠᠳ ᠪᠠᠢᠭᠰᠠᠨ ᠪᠣᠢ?》 ᠭᠡᠬᠦ ᠳ᠋ᠦ᠍ ᠲᠡᠭᠦᠨ ᠦ᠌ ᠨᠢᠭᠤᠷ ᠴᠢᠷᠠᠢ ᠨᠢ ᠶᠡᠬᠡ ᠯᠡ ᠡᠪ ᠦᠭᠡᠢ ᠦᠷᠴᠢᠰᠬᠢᠭᠡᠳ ᠶᠠᠭᠤ ᠴᠦ᠍ ᠳᠤᠤᠭᠠᠷᠤᠭᠰᠠᠨ ᠦᠭᠡᠢ᠃ ᠠᠵᠢᠯᠯᠠᠬᠤ ᠪᠠᠷ ᠶᠠᠪᠤᠬᠤ ᠳᠤ ᠪᠠᠨ᠄ 
       — ᠠᠢ᠁ ᠪᠢᠳᠡ ᠬᠣᠶᠠᠭᠤᠯᠠ ᠡᠪᠳᠡᠷᠡᠯᠴᠡᠭᠡᠳ ᠨᠠᠰᠤᠲᠠᠢ ᠠᠪᠤ ᠶ᠋ᠢ ᠵᠣᠪᠠᠭᠠᠬᠤ ᠨᠢ ᠭᠡᠳ ᠲᠣᠯᠣᠭᠠᠢ ᠪᠠᠨ ᠰᠠᠵᠢᠬᠤ ᠳ᠋ᠤ᠌ ᠨᠢᠯᠪᠤᠰᠤ ᠨᠢ ᠪᠥᠮᠪᠥᠷᠢᠮᠡᠷ ᠬᠡᠷᠡᠯᠳᠦᠵᠦ ᠪᠠᠢᠯ᠎ᠠ᠃  
       ᠡᠪᠦᠭᠡᠨ ᠴᠣᠮᠣ ᠲᠠᠢ ᠤᠰᠤᠨ ᠠ᠋ᠴᠠ ᠪᠠᠨ ᠨᠢᠭᠡ ᠣᠭᠣᠴᠢᠭᠠᠳ᠄ 
       — ᠳᠠᠬᠢᠭᠠᠳ ᠨᠢᠭᠡ ᠵᠣᠳᠣᠯᠴᠠᠭᠰᠠᠨ ᠨᠢ ᠳᠠᠷᠤᠢ ᠦᠵᠡᠰᠬᠦᠯᠡᠩ ᠢ᠋ ᠬᠣᠣᠷᠯᠠᠭᠳᠠᠬᠤ ᠶ᠋ᠢᠨ ᠡᠮᠦᠨ᠎ᠡ ᠬᠡᠳᠦᠨ ᠡᠳᠦᠷ ᠶᠦᠮ᠃ ᠪᠢ ᠲᠡᠷᠡ ᠬᠣᠶᠠᠭᠤᠯᠠ ᠶ᠋ᠢᠨ ᠵᠣᠳᠣᠯᠴᠠᠬᠤ ᠴᠢᠮᠡᠭᠡ ᠪᠡᠷ ᠭᠡᠷ ᠲᠦ᠋ᠨᠢ ᠣᠷᠣᠬᠤ ᠳ᠋ᠤ᠌ ᠪᠤᠳᠠᠭᠠᠨ ᠰᠢᠷᠡᠭᠡᠨ ᠦ᠌ ᠳᠥᠷᠪᠡᠨ ᠬᠥᠯ ᠨᠢ ᠳᠡᠭᠡᠭᠰᠢ ᠬᠠᠨᠳᠤᠨ ᠨᠢᠭᠡ ᠰᠢᠷᠡᠭᠡ ᠪᠤᠳᠠᠭ᠎ᠠ ᠵᠠᠭᠤᠰᠢ ᠪᠦᠲᠦᠨ ᠬᠥᠰᠡᠷ ᠲᠦ᠍ ᠠᠰᠬᠠᠭᠳᠠᠭᠰᠠᠨ ᠪᠠᠢᠪᠠ᠃ ᠦᠵᠡᠰᠬᠦᠯᠡᠩ ᠬᠥᠯ ᠢ᠋ᠶ᠋ᠡᠨ ᠲᠡᠪᠡᠷᠢᠨ ᠤᠬᠢᠯᠠᠬᠤ ᠠ᠋ᠴᠠ ᠪᠢᠰᠢ ᠪᠣᠰᠴᠤ ᠴᠢᠳᠠᠬᠤ ᠦᠭᠡᠢ ᠪᠠᠢᠯ᠎ᠠ᠃ ᠳᠡᠷᠭᠡᠳᠡ ᠨᠢ ᠪᠣᠯᠤᠷᠴᠠᠭᠠᠨ ᠠᠭᠤᠷ ᠲᠠᠢ ᠵᠣᠭᠰᠣᠵᠤ ᠪᠠᠢᠭᠰᠠᠨ ᠪᠣᠯᠪᠠᠴᠤ ᠡᠯᠳᠡᠪ ᠵᠦᠢᠯ ᠦ᠋ᠨ ᠶᠠᠭᠤᠮ᠎ᠠ ᠶᠠᠷᠢᠭᠰᠠᠨ ᠦᠭᠡᠢ᠃ ᠬᠠᠷᠢᠶᠠᠭᠰᠠᠨ ᠴᠦ᠍ ᠦᠭᠡᠢ᠃ ᠤᠳᠠᠲᠠᠯ᠎ᠠ ᠮᠡᠯᠡᠷᠡᠨ ᠵᠣᠭᠰᠣᠭᠠᠳ᠂ ᠦᠵᠡᠰᠬᠦᠯᠡᠩ ᠢ᠋ ᠶᠠᠭᠠᠬᠢᠭᠰᠠᠨ ᠴᠦ᠍ ᠪᠣᠰᠴᠤ ᠴᠢᠳᠠᠬᠤ ᠦᠭᠡᠢ ᠪᠠᠢᠬᠤ ᠶ᠋ᠢ ᠦᠵᠡᠭᠡᠳ ᠨᠢᠭᠡᠨᠲᠡ ᠬᠥᠯ ᠨᠢ ᠬᠤᠭᠤᠷᠠᠭᠰᠠᠨ ᠢ᠋ ᠮᠡᠳᠡᠵᠦ᠂ ᠣᠯᠠᠨ ᠲᠠᠢ ᠬᠠᠮᠲᠤ ᠲᠡᠪᠡᠷᠢᠵᠦ ᠳᠠᠮᠵᠢᠯᠠᠨ ᠡᠮᠨᠡᠯᠭᠡ ᠳ᠋ᠦ᠍ ᠬᠦᠷᠭᠡᠪᠡ ᠭᠡᠵᠦ ᠵᠠᠯᠭᠠᠵᠤ ᠬᠡᠯᠡᠪᠡ᠃ 
       — ᠡᠨᠡ ᠤᠳᠠᠭ᠎ᠠ ᠲᠡᠷᠡ ᠬᠣᠶᠠᠷ ᠬᠣᠭᠣᠷᠣᠨᠳᠣ ᠪᠠᠨ ᠶᠠᠭᠤ ᠭᠡᠵᠦ ᠬᠠᠷᠢᠶᠠᠯᠴᠠᠵᠤ ᠭᠡᠷᠡᠯᠲᠦᠭᠰᠡᠨ ᠪᠣᠢ? 
       — ᠲᠡᠳᠡ ᠬᠣᠶᠠᠭᠤᠯᠠ ᠭᠡᠷ ᠲᠡᠭᠡᠨ ᠴᠤᠤᠭᠢᠯᠴᠠᠵᠤ ᠭᠡᠷᠡᠯᠲᠦᠭᠰᠡᠨ ᠡᠴᠡ ᠶᠠᠭᠤ ᠴᠦ᠍ ᠣᠯᠵᠤ ᠰᠣᠨᠣᠰᠤᠭᠰᠠᠨ ᠦᠭᠡᠢ᠃ 
       — ᠵᠠ ᠦᠷᠭᠦᠯᠵᠢᠯᠡᠨ ᠶᠠᠷᠢᠭᠠᠴᠢ ᠳᠠ᠃ 
       — ᠬᠠᠮᠤᠭ ᠰᠡᠭᠦᠯ ᠦ᠋ᠨ ᠤᠳᠠᠭ᠎ᠠ ᠨᠢ ᠳᠠᠷᠤᠢ ᠦᠵᠡᠰᠬᠦᠯᠡᠩ ᠢ᠋ ᠬᠣᠣᠷᠯᠠᠭᠳᠠᠭᠰᠠᠨ ᠲᠡᠷᠡ ᠣᠷᠣᠢ᠃ ᠦᠵᠡᠰᠬᠦᠯᠡᠩ ᠦ᠋ᠨ ᠮᠠᠭᠤᠬᠠᠢ ᠵᠢᠬᠡᠭᠦᠨ ᠢ᠋ᠶ᠋ᠡᠷ ᠴᠢᠷᠠᠯᠠᠨ ᠪᠠᠷᠬᠢᠷᠠᠬᠤ ᠳᠠᠭᠤ ᠪᠣᠯᠤᠨ ᠪᠣᠯᠤᠷᠴᠠᠭᠠᠨ ᠤ᠋ ᠠᠮᠢ ᠠᠪᠤᠷᠠ ᠭᠡᠵᠦ ᠳᠠᠭᠤᠳᠠᠬᠤ ᠳ᠋ᠤ᠌ ᠠᠢᠯ ᠠᠢᠮᠠᠭ ᠤ᠋ᠨ ᠣᠯᠠᠨ ᠬᠥᠮᠦᠨ ᠭᠡᠷ ᠲᠦ᠋ᠨᠢ ᠭᠦᠶᠦᠯᠳᠦᠨ ᠣᠷᠣᠵᠠᠢ᠃ ᠦᠵᠡᠰᠬᠦᠯᠡᠩ ᠣᠷᠣ ᠳᠡᠭᠡᠷ᠎ᠡ ᠪᠡᠨ ᠡᠯᠢᠭᠡᠳᠡᠨ ᠬᠡᠪᠲᠡᠭᠡᠳ ᠠᠮᠢ ᠭᠠᠷᠤᠮᠠᠷ ᠰᠠᠨᠳᠤᠷᠴᠤ ᠮᠠᠩᠨᠠᠢ ᠠ᠋ᠴᠠ ᠨᠢ ᠬᠠᠷ᠎ᠠ ᠬᠥᠯᠥᠰᠥ ᠴᠢᠬᠠᠷᠠᠨ ᠪᠠᠷᠤᠭ ᠯᠠ ᠨᠢᠭᠤᠷ ᠢ᠋ᠶ᠋ᠠᠨ ᠤᠬᠢᠶᠠᠭᠰᠠᠨ ᠰᠢᠭ᠋ ᠱᠠᠯ ᠫᠠᠯ ᠪᠠᠢᠭᠰᠠᠨ ᠪᠥᠭᠡᠳ ᠴᠣᠬᠣᠢ ᠪᠠᠷ ᠪᠠᠭᠯᠠᠭᠰᠠᠨ ᠬᠤᠭᠤᠷᠬᠠᠢ ᠬᠥᠯ ᠢ᠋ᠶ᠋ᠡᠨ ᠬᠦᠴᠦᠯᠡᠨ ᠲᠡᠢᠴᠢᠭᠢᠨᠡᠵᠦ ᠂ 《ᠬᠥᠮᠦᠨᠴᠢ ᠴᠢᠨᠠᠷ ᠦᠭᠡᠢ ᠪᠣᠯᠤᠷᠴᠠᠭᠠᠨ ᠨᠠᠳᠠ ᠬᠣᠣᠷᠲᠤ ᠡᠮ ᠲᠠᠷᠢᠯ᠎ᠠ 》ᠭᠡᠳ ᠬᠣᠮᠣᠬᠠᠢᠳᠠᠠ ᠬᠠᠷᠢᠶᠠᠵᠤ ᠪᠠᠢᠯ᠎ᠠ᠃ ᠪᠣᠯᠤᠷᠴᠠᠭᠠᠨ ᠤ᠋ ᠴᠢᠷᠠᠢ ᠵᠢᠪᠡᠬᠡᠢ ᠴᠠᠢᠷᠠᠨ ᠬᠥᠮᠦᠨ ᠠᠶᠤᠮᠠᠷ ᠬᠤᠪᠢᠷᠠᠵᠤ ᠪᠦᠬᠦ ᠪᠡᠶ᠎ᠡ ᠨᠢ ᠰᠣᠭᠰᠣᠯᠵᠠᠨ ᠴᠡᠴᠡᠷᠬᠢᠯᠡᠨ᠎ᠡ᠃ ᠲᠡᠷᠡ ᠴᠣᠬᠣᠮ ᠡᠬᠡᠨᠡᠷ ᠦ᠋ᠨ ᠢ᠋ᠶ᠋ᠡᠨ ᠬᠤᠮᠣᠭᠠᠢᠳᠠᠬᠤ ᠠ᠋ᠴᠠ ᠬᠠᠯᠠᠰᠢᠷᠠᠭᠰᠠᠨ ᠶᠤᠮ ᠤᠤ ᠡᠰᠡᠪᠡᠯ ᠡᠬᠡᠨᠡᠷ ᠢ᠋ᠶ᠋ᠡᠨ ᠬᠥᠭᠡᠷᠦᠬᠦᠢᠯᠡᠭᠰᠡᠨ ᠶᠦᠮ ᠤᠤ? ᠶᠡᠬᠡ ᠯᠡ ᠰᠠᠨᠳᠤᠷᠴᠤ ᠡᠬᠡᠨᠡᠷ ᠢ᠋ᠶ᠋ᠡᠨ ᠲᠡᠪᠡᠷᠢᠨ ᠲᠠᠢᠳᠬᠠᠷᠠᠭᠤᠯᠤᠨ᠎ᠠ᠃ ᠲᠡᠷᠡᠴᠢᠯᠡᠨ ᠠᠮᠢ ᠰᠡᠷᠭᠦᠭᠡᠬᠦ ᠰᠤᠳᠠᠯ ᠤ᠋ᠳ ᠢ᠋ ᠨᠢ ᠨᠤᠬᠤᠯᠠᠨ ᠴᠢᠮᠬᠢᠯᠡᠵᠦ ᠪᠠᠢᠯ᠎ᠠ᠃ ᠡᠮ ᠲᠠᠷᠢᠭᠠᠳ ᠳᠡᠮᠡᠢ ᠤᠳᠠᠭᠠᠳᠤᠢ ᠪᠣᠯᠤᠯᠲᠠᠢ᠂ ᠵᠡᠭᠦᠦ ᠴᠣᠬᠢᠬᠤ ᠪᠠᠭᠠᠵᠢ ᠨᠢ ᠬᠦᠷᠲᠡᠯ᠎ᠡ ᠳᠡᠷᠭᠡᠳᠡᠬᠢ ᠰᠢᠷᠡᠭᠡᠨ ᠳᠡᠭᠡᠷ᠎ᠡ ᠨᠢ ᠲᠠᠯᠪᠢᠭᠠᠰᠤᠲᠠᠢ ᠪᠠᠢᠯ᠎ᠠ᠃ ᠪᠢ ᠦᠵᠡᠰᠬᠦᠯᠡᠩ ᠦ᠋ᠨ ᠬᠣᠣᠷᠲᠤ ᠡᠮ ᠲᠠᠷᠢᠯ᠎ᠠ ᠭᠡᠰᠡᠨ ᠦᠭᠡᠨ ᠳ᠋ᠦ᠍ ᠰᠡᠬᠡᠭᠡᠷᠡᠨ᠄《ᠪᠣᠯᠤᠷᠴᠠᠭᠠᠨ᠂ ᠴᠢ ᠡᠬᠡᠨᠡᠷ ᠲᠤ ᠪᠠᠨ ᠶᠠᠮᠠᠷ ᠡᠮ ᠲᠠᠷᠢᠭᠰᠠᠨ ᠪᠣᠢ?》 ᠭᠡᠵᠦ ᠠᠰᠠᠭᠤᠬᠤ ᠳ᠋ᠤ᠌ ᠲᠡᠷᠡ ᠭᠡᠨᠡᠳᠲᠡ ᠶᠠᠭᠤ ᠪᠣᠳᠣᠭᠰᠠᠨ ᠢ᠋ ᠪᠤᠤ ᠮᠡᠳᠡ᠂ ᠡᠬᠡᠨᠡᠷ ᠢ᠋ᠶ᠋ᠡᠨ ᠲᠠᠯᠪᠢᠭᠠᠳ ᠡᠭᠦᠳᠡᠨ ᠳᠡᠷᠭᠡᠳᠡᠬᠢ ᠬᠣᠭ ᠤ᠋ᠨ ᠬᠠᠢᠷᠴᠠᠭ ᠤ᠋ᠨ ᠬᠠᠵᠠᠭᠤ ᠳ᠋ᠤ᠌ ᠬᠤᠷᠳᠤᠬᠠᠨ ᠬᠦᠷᠴᠦ ᠰᠠᠶᠢᠬᠠᠨ ᠬᠡᠷᠡᠭᠯᠡᠭᠰᠡᠨ ᠡᠮ ᠦ᠋ᠨ ᠯᠣᠩᠬᠣ ᠪᠠᠨ ᠠᠪᠬᠤ ᠪᠠᠷ ᠪᠡᠶ᠎ᠡ ᠪᠥᠬᠦᠢᠨ ᠭᠠᠷ ᠢ᠋ᠶ᠋ᠠᠨ ᠰᠠᠷᠪᠠᠢᠲᠠᠯ᠎ᠠ ᠪᠢᠳᠡᠨ ᠲᠡᠢ ᠬᠠᠮᠲᠤ ᠣᠷᠣᠵᠤ ᠢᠷᠡᠭᠰᠡᠨ ᠨᠢᠭᠡᠨ ᠬᠠᠤᠯᠢ ᠶ᠋ᠢᠨ ᠺᠠᠳ᠋ᠷ ᠠᠪᠬᠤ ᠶ᠋ᠢ ᠬᠣᠷᠢᠭᠯᠠᠭᠠᠳ᠄ 《ᠴᠢ ᠣᠳᠣ ᠭᠡᠷ ᠳᠣᠲᠣᠷᠠᠬᠢ ᠡᠯᠳᠡᠪ ᠵᠦᠢᠯ ᠢ᠋ ᠪᠢᠲᠡᠭᠡᠢ ᠬᠥᠳᠡᠯᠭᠡ᠃ ᠬᠡᠷᠪᠡ ᠬᠣᠣᠷᠲᠤ ᠡᠮ ᠦ᠋ᠨ ᠯᠣᠩᠬᠣ ᠶ᠋ᠢ ᠦᠭᠡᠢ ᠬᠢᠪᠡᠯ ᠬᠡᠷᠡᠭ ᠴᠢᠨᠢ ᠬᠦᠨᠳᠦᠷᠡᠨ᠎ᠡ ᠰᠢᠦ᠂ ᠬᠣᠵᠢᠮ ᠲᠤᠰᠬᠠᠢ ᠬᠥᠮᠦᠨ ᠢᠷᠡᠵᠦ ᠪᠠᠢᠴᠠᠭᠠᠬᠤ ᠳ᠋ᠤ᠌ ᠳᠥᠭᠥᠮ ᠪᠠᠢᠯᠭ᠎ᠠ 》 ᠭᠡᠯ᠎ᠡ᠃ ᠦᠵᠡᠰᠬᠦᠯᠡᠩ ᠬᠠᠷ᠎ᠠ ᠬᠦᠴᠦ ᠪᠡᠷ ᠢ᠋ᠶ᠋ᠡᠨ ᠲᠡᠯᠴᠢᠯᠡᠨ ᠡᠷ᠎ᠡ ᠪᠡᠨ ᠬᠠᠮᠤᠭ ᠬᠦᠴᠦ ᠪᠡᠨ ᠰᠢᠪᠬᠠᠨ ᠬᠠᠷᠢᠶᠠᠵᠤ ᠪᠠᠢᠯ᠎ᠠ᠃ ᠰᠣᠨᠢᠷᠬᠠᠯᠲᠠᠢ ᠨᠢ ᠠᠷᠪᠠᠭᠠᠳ ᠮᠢᠨᠦ᠋ᠲ ᠪᠣᠯᠤᠯ ᠦᠭᠡᠢ ᠠᠮᠢᠰᠬᠤᠭ᠎ᠠ ᠬᠤᠷᠢᠶᠠᠮᠠᠷ ᠪᠣᠯᠵᠤ ᠪᠠᠢᠭ᠎ᠠ ᠶᠤᠮ ᠤᠤ ᠴᠣᠬᠣᠮ ᠨᠢᠭᠡᠮᠦᠰᠦᠨ ᠰᠣᠯᠢᠶᠠᠷᠠᠭᠰᠠᠨ ᠶᠤᠮ ᠤᠤ? ᠡᠰᠡᠪᠡᠯ ᠡᠴᠦᠰ ᠦ᠋ᠨ ᠰᠠᠷᠠᠭᠤᠯᠵᠢᠯ ᠢᠷᠡᠭᠰᠡᠨ ᠶᠦᠮ ᠤᠤ? ᠪᠤᠤ ᠮᠡᠳᠡ᠃ ᠭᠡᠨᠡᠳᠲᠡ ᠨᠢᠳᠦ ᠨᠢ ᠲᠣᠭᠲᠠᠨ ᠴᠢᠷᠠᠢ ᠨᠢ ᠬᠥᠬᠡᠷᠡᠵᠦ᠂ ᠲᠦᠯᠬᠢᠨ ᠳᠤᠭᠲᠤᠷᠴᠤ ᠪᠠᠢᠭᠰᠠᠨ ᠡᠷ᠎ᠡ ᠶ᠋ᠢᠨ ᠢ᠋ᠶ᠋ᠡᠨ ᠭᠠᠷ ᠢ᠋ ᠪᠠᠷᠢᠭᠠᠳ ᠴᠡᠭᠡᠵᠢᠨ ᠳ᠋ᠡᠭᠡᠨ ᠨᠠᠭᠠᠯᠳᠤᠭᠤᠯᠤᠨ᠄ 《ᠪᠤᠯᠤᠷᠴᠠᠭᠠᠨ ᠪᠢ ᠁ᠠᠳᠤᠭᠤᠰᠤ ᠳ᠋ᠤ᠌ ᠁ᠲᠡᠷᠡ᠁ ᠲᠡᠷᠡ᠁ ᠲᠠᠪᠤ ᠁ᠲᠠ‍ ᠁》 ᠭᠡᠵᠦ ᠳᠠᠭᠤ ᠨᠢ ᠴᠡᠴᠡᠷᠬᠢᠯᠡᠨ ᠪᠠᠢᠭᠰᠠᠭᠠᠷ ᠠᠮᠢᠰᠬᠤᠯ ᠬᠤᠷᠢᠶᠠᠭᠰᠠᠨ᠃ ᠲᠡᠭᠦᠨ ᠦ᠌ ᠦᠬᠦᠭᠰᠡᠨ ᠨᠢ ᠳᠠᠩᠴᠤ ᠲᠦᠷᠭᠡᠨ ᠲᠤᠯᠠ ᠬᠥᠮᠦᠰ ᠡᠮᠨᠡᠯᠭᠡ ᠳ᠋ᠦ᠍ ᠬᠦᠷᠭᠡᠬᠦ ᠪᠡᠷ ᠬᠡᠯᠡᠯᠴᠡᠭᠰᠡᠨ ᠡᠴᠡ ᠪᠢᠰᠢ ᠭᠠᠷ ᠬᠥᠯ ᠬᠥᠳᠡᠯᠵᠦ ᠵᠠᠪᠳᠤᠭᠰᠠᠨ ᠦᠭᠡᠢ᠃ 
       — ᠡᠩ ᠦ᠋ᠨ ᠦᠶ᠎ᠡ ᠳ᠋ᠦ᠍ ᠡᠨᠡ ᠡᠬᠡᠨᠡᠷ ᠦ᠋ᠨ ᠠᠮᠢᠳᠤᠷᠠᠯ ᠤ᠋ᠨ ᠰᠤᠷᠲᠠᠯ ᠨᠢ ᠶᠠᠮᠠᠷ ᠪᠣᠢ? 
       — ᠳᠣᠲᠣᠭᠠᠳᠤ ᠪᠠᠢᠳᠠᠯ ᠢ᠋ ᠨᠢ ᠬᠡᠨ ᠮᠡᠳᠡᠨ᠎ᠡ ᠳᠠ᠃ ᠭᠠᠳᠠᠨ᠎ᠠ ᠠ᠋ᠴᠠ ᠨᠢ ᠦᠵᠡᠬᠦ ᠳ᠋ᠦ᠍ ᠴᠦ᠍ ᠶᠡᠷᠦ ᠲᠡᠢᠮᠦ ᠰᠢᠷᠪᠠᠯᠵᠠᠵᠤ ᠢᠯᠪᠠᠯᠵᠠᠭᠰᠠᠨ ᠵᠠᠩ ᠪᠠᠢᠳᠠᠭ ᠦᠭᠡᠢ᠂ ᠶᠡᠬᠡ ᠲᠣᠭᠲᠠᠭᠤᠬᠠᠨ ᠡᠮᠡᠭᠲᠡᠢ ᠶᠦᠮ᠃ 
       ᠡᠳᠡᠨ ᠦ᠌ ᠶᠠᠷᠢᠯᠴᠠᠭ᠎ᠠ ᠰᠥᠨᠢ ᠶ᠋ᠢᠨ ᠬᠠᠭᠠᠰ ᠤ᠋ᠨ ᠤᠷᠳᠤᠭᠤᠷ ᠳᠠᠭᠤᠰᠪᠠ᠃ 

          ᠦᠩᠰᠢᠭ᠌ᠰᠠᠨ ᠨᠢ᠄  ᠴᠡᠴᠡᠭᠮ᠎ᠡ