ᠭᠤᠴᠢ ᠬᠦᠷᠦᠭᠰᠡᠨ ᠪᠦᠰᠡᠭᠦᠢ-ᠠ᠊·ᠮᠥᠩᠭᠥᠨᠱᠠᠭᠠᠢГуч хөөрсөн бүсгүй-А·Мөнгөншагай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠴᠢ ᠬᠦᠷᠦᠭᠰᠡᠨ ᠪᠦᠰᠡᠭᠦᠢ-ᠠ᠊·ᠮᠥᠩᠭᠥᠨᠱᠠᠭᠠᠢГуч хөөрсөн бүсгүй-А·Мөнгөншагай

ᠭᠤᠴᠢ ᠬᠦᠷᠦᠭᠰᠡᠨ ᠪᠦᠰᠡᠭᠦᠢ-ᠠ᠊·ᠮᠥᠩᠭᠥᠨᠱᠠᠭᠠᠢГуч хөөрсөн бүсгүй-А·Мөнгөншагай

ᠠᠩᠭᠢᠯᠠᠯ:ᠳᠠᠭᠤᠤ ᠬᠥᠭᠵᠢᠮ
2026-10-25

4

ᠭᠤᠴᠢ ᠬᠦᠷᠦᠭᠰᠡᠨ ᠪᠦᠰᠡᠭᠦᠢ


 ᠦᠭᠡ᠄ ᠶ· ᠣᠳᠬᠣᠨᠪᠠᠶᠠᠷ 
 ᠠᠶ᠎ᠠ᠄ ᠠ᠊· ᠮᠥᠩᠭᠥᠨᠱᠠᠭᠠᠢ 
 ᠳᠠᠭᠤᠴᠢᠨ᠄ ᠠ᠊·ᠮᠥᠩᠭᠥᠨᠱᠠᠭᠠᠢ 

ᠭᠤᠴᠢ ᠬᠦᠷᠦᠭᠰᠡᠨ ᠪᠦᠰᠡᠭᠦᠢ ᠭᠡᠳᠡᠭ ᠴᠠᠭᠠᠨ᠎ᠠ ᠪᠠᠨ ᠨᠢᠭᠡ ᠯᠡ ᠡᠷᠬᠢᠮᠰᠦᠭ 
ᠭᠤᠩᠬᠠᠵᠤ ᠶᠠᠪᠤᠬᠤ ᠶ᠋ᠢ ᠨᠢ ᠬᠠᠷᠠᠬᠤ ᠳ᠋ᠤ᠌ ᠳᠡᠩᠳᠡᠭᠦᠦ ᠥᠪᠡᠷᠲᠡᠭᠡᠨ ᠢᠲᠡᠭᠡᠯ ᠲᠡᠢ 
ᠰᠠᠢᠬᠠᠨ ᠵᠠᠯᠠᠭᠤ ᠶ᠋ᠢᠨ ᠬᠠᠷᠠᠴᠠᠨ ᠳ᠋ᠤ᠌ ᠡᠷᠢᠭᠳᠡᠨ ᠶᠠᠪᠤᠬᠤ ᠳ᠋ᠤ᠌ ᠪᠠᠨ ᠵᠢᠷᠭᠠᠯᠲᠠᠢ 
ᠰᠠᠨᠠᠵᠤ ᠤᠴᠠᠷᠠᠭᠰᠠᠨ ᠠᠮᠠᠷᠠᠭ ᠲᠤ᠌ ᠪᠠᠨ ᠢᠨᠠᠭ ᠬᠠᠯᠠᠭᠤᠨ ᠰᠡᠳᠬᠢᠯ ᠲᠡᠢ 
 
ᠨᠢᠭᠤᠷ ᠳᠦᠭᠦᠷᠡᠩ ᠮᠦᠰᠢᠶᠡᠬᠦ ᠨᠢ ᠮᠣᠩᠭᠣᠯ ᠪᠦᠰᠡᠭᠦᠢ ᠶ᠋ᠢᠨ ᠲᠤᠨᠵᠢ ᠲᠠᠢ 
ᠨᠢᠳᠦ ᠰᠣᠷᠮᠤᠤᠰᠤ ᠬᠥᠮᠥᠰᠬᠡ ᠨᠢ ᠤᠷᠠᠨ ᠭᠠᠯᠪᠠᠷᠯᠢᠭ ᠰᠢᠳᠢ ᠲᠡᠢ 
ᠭᠦᠢᠴᠡᠳ ᠪᠣᠯᠤᠭᠰᠠᠨ ᠵᠢᠮᠢᠰ ᠰᠢᠭ ᠠᠮᠲᠠᠯᠠᠵᠤ ᠦᠵᠡᠮᠡᠷ ᠬᠦᠰᠡᠯ ᠲᠡᠢ  
ᠭᠦᠢᠴᠡᠮᠡᠯ ᠤᠷᠠᠨ ᠲᠠᠩᠰᠤᠭ ᠳ᠋ᠠᠷ᠎ᠠ ᠡᠬᠡ ᠶ᠋ᠢᠨ ᠪᠦᠷᠢᠯᠸ᠎ᠠ ᠲᠠᠢ

ᠠᠯᠢᠪᠠ ᠶᠠᠭᠤᠮ᠎ᠠ ᠶ᠋ᠢ ᠲᠤᠩᠭᠠᠬᠤ ᠨᠢ ᠰᠡᠴᠡᠨ ᠪᠡᠷᠢ ᠶ᠋ᠢᠨ ᠰᠢᠨᠵᠢ ᠲᠡᠢ
ᠠᠯᠬᠤᠵᠤ ᠭᠢᠰᠬᠢᠬᠦ ᠨᠢ ᠬᠦᠷᠲᠡᠯ᠎ᠡ ᠵᠢᠷᠦᠬᠡ ᠭᠡᠵᠢᠭᠡᠳᠡᠬᠦ ᠨᠠᠮᠪᠠ ᠲᠠᠢ
ᠠᠯᠳᠠᠵᠤ ᠤᠨᠤᠬᠤ ᠶ᠋ᠢᠨ ᠳᠠᠩᠰᠠᠨ ᠳ᠋ᠤ᠌ ᠠᠵᠠ ᠳᠠᠭᠠᠭᠤᠯᠬᠤ ᠤᠪᠠᠳᠢᠰ ᠲᠠᠢ
ᠠᠪᠤ ᠶ᠋ᠢᠨ ᠬᠦᠦ ᠶ᠋ᠢᠨ ᠰᠡᠳᠬᠢᠯ ᠢ᠋ ᠳᠠᠭᠠᠭᠠᠵᠤ ᠴᠢᠳᠠᠬᠤ ᠢᠲᠡᠭᠡᠯ ᠲᠡᠢ

ᠨᠢᠭᠤᠷ ᠳᠦᠭᠦᠷᠡᠩ ᠮᠦᠰᠢᠶᠡᠬᠦ ᠨᠢ ᠮᠣᠩᠭᠣᠯ ᠪᠦᠰᠡᠭᠦᠢ ᠶ᠋ᠢᠨ ᠲᠤᠨᠵᠢ ᠲᠠᠢ
ᠨᠢᠳᠦ ᠰᠣᠷᠮᠤᠤᠰᠤ ᠬᠥᠮᠥᠰᠬᠡ ᠨᠢ ᠤᠷᠠᠨ ᠭᠠᠯᠪᠠᠷᠯᠢᠭ ᠰᠢᠳᠢ ᠲᠡᠢ
ᠭᠦᠢᠴᠡᠳ ᠪᠣᠯᠤᠭᠰᠠᠨ ᠵᠢᠮᠢᠰ ᠰᠢᠭ ᠠᠮᠲᠠᠯᠠᠵᠤ ᠦᠵᠡᠮᠡᠷ ᠬᠦᠰᠡᠯ ᠲᠡᠢ
ᠭᠦᠢᠴᠡᠮᠡᠯ ᠤᠷᠠᠨ ᠲᠠᠩᠰᠤᠭ ᠳ᠋ᠠᠷ᠎ᠠ ᠡᠬᠡ ᠶ᠋ᠢᠨ ᠪᠦᠷᠢᠯᠸ᠎ᠠ ᠲᠠᠢ

ᠭᠤᠴᠢ ᠬᠦᠷᠦᠭᠰᠡᠨ ᠪᠦᠰᠡᠭᠦᠢ ᠭᠡᠳᠡᠭ ᠴᠠᠭᠠᠨ᠎ᠠ ᠪᠠᠨ ᠨᠢᠭᠡ ᠯᠡ ᠡᠷᠬᠢᠮᠰᠦᠭ 
ᠭᠤᠨᠢᠭ ᠦᠭᠡᠢ ᠬᠠᠷᠠᠴᠠᠨ ᠳ᠋ᠤ᠌ ᠨᠢ ᠬᠠᠢᠷ᠎ᠠ ᠶ᠋ᠢᠨ ᠣᠴᠢ ᠪᠠᠳᠠᠷᠠᠭᠤᠰᠢᠲᠠᠢ

ᠭᠤᠴᠢ ᠭᠠᠷᠤᠭᠰᠠᠨ ᠪᠦᠰᠡᠭᠦᠢ ᠭᠡᠳᠡᠭ ᠴᠠᠭᠠᠨ᠎ᠠ ᠪᠠᠨ ᠨᠢᠭᠡ ᠯᠡ ᠡᠷᠬᠢᠮᠰᠦᠭ
ᠭᠤᠨᠢᠭ ᠦᠭᠡᠢ ᠬᠠᠷᠠᠴᠠᠨ ᠳ᠋ᠤ᠌ ᠨᠢ ᠬᠠᠢᠷ᠎ᠠ ᠶ᠋ᠢᠨ ᠣᠴᠢ ᠪᠠᠳᠠᠷᠠᠭᠤᠰᠢᠲᠠᠢ
ᠮᠥᠩᠭᠥᠨ ᠰᠠᠷᠠᠨ ᠤ᠋ ᠲᠤᠶᠠᠭᠠᠨ ᠳ᠋ᠤ᠌ ᠪᠣᠯᠵᠣᠭᠠᠨ ᠳ᠋ᠤ᠌ ᠵᠣᠭᠰᠣᠬᠤ ᠨᠢ ᠤᠶᠠᠩᠭ᠎ᠠ ᠲᠠᠢ
ᠮᠣᠩᠭᠣᠯ ᠪᠦᠰᠡᠭᠦᠢ ᠶ᠋ᠢᠨ ᠦᠵᠡᠰᠬᠦᠯᠡᠩ ᠳᠡᠯᠡᠬᠡᠢ ᠶ᠋ᠢᠨ ᠡᠩ ᠲᠡᠢ ᠦᠵᠡᠮᠵᠢ ᠠ᠋

ᠨᠢᠭᠤᠷ ᠳᠦᠭᠦᠷᠡᠩ ᠮᠦᠰᠢᠶᠡᠬᠦ ᠨᠢ ᠮᠣᠩᠭᠣᠯ ᠪᠦᠰᠡᠭᠦᠢ ᠶ᠋ᠢᠨ ᠲᠣᠨᠵᠢ ᠲᠠᠢ
ᠨᠢᠳᠦ ᠰᠣᠷᠮᠤᠤᠰᠤ ᠬᠥᠮᠥᠰᠬᠡ ᠨᠢ ᠤᠷᠠᠨ ᠭᠠᠯᠪᠠᠷᠯᠢᠭ ᠰᠢᠳᠢ ᠲᠡᠢ
ᠭᠦᠢᠴᠡᠳ ᠪᠣᠯᠤᠭᠰᠠᠨ ᠵᠢᠮᠢᠰ ᠰᠢᠭ ᠠᠮᠲᠠᠯᠠᠵᠤ ᠦᠵᠡᠮᠡᠷ ᠬᠦᠰᠡᠯ ᠲᠡᠢ
ᠭᠦᠢᠴᠡᠮᠡᠯ ᠤᠷᠠᠨ ᠲᠠᠩᠰᠤᠭ ᠳ᠋ᠠᠷ᠎ᠠ ᠡᠬᠡ ᠶ᠋ᠢᠨ ᠪᠦᠷᠢᠯᠸ᠎ᠠ ᠲᠠᠢ

ᠨᠢᠭᠤᠷ ᠳᠦᠭᠦᠷᠡᠩ ᠮᠦᠰᠢᠶᠡᠬᠦ ᠨᠢ ᠮᠣᠩᠭᠣᠯ ᠪᠦᠰᠡᠭᠦᠢ ᠶ᠋ᠢᠨ ᠲᠤᠨᠵᠢ ᠲᠠᠢ
ᠨᠢᠳᠦ ᠰᠣᠷᠮᠤᠤᠰᠤ ᠬᠥᠮᠥᠰᠬᠡ ᠨᠢ ᠤᠷᠠᠨ ᠭᠠᠯᠪᠢᠷᠯᠢᠭ᠋ ᠰᠢᠳᠢ ᠲᠡᠢ
ᠭᠦᠢᠴᠡᠳ ᠪᠣᠯᠤᠭᠰᠠᠨ ᠵᠢᠮᠢᠰ ᠰᠢᠭ ᠠᠮᠲᠠᠯᠠᠵᠤ ᠦᠵᠡᠮᠡᠷ ᠬᠦᠰᠡᠯ ᠲᠡᠢ
ᠭᠦᠢᠴᠡᠮᠡᠯ ᠤᠷᠠᠨ ᠲᠠᠩᠰᠤᠭ ᠳ᠋ᠠᠷ᠎ᠠ ᠡᠬᠡ ᠶ᠋ᠢᠨ ᠪᠦᠷᠢᠯᠸ᠎ᠠ ᠲᠠᠢ

ᠭᠤᠴᠢ ᠬᠦᠷᠦᠭᠰᠡᠨ ᠪᠦᠰᠡᠭᠦᠢ ᠮᠢᠨᠢ
ᠭᠤᠴᠢ ᠭᠠᠷᠤᠭᠰᠠᠨ ᠪᠦᠰᠡᠭᠦᠢ ᠮᠢᠨᠢ
ᠭᠤᠴᠢ ᠬᠦᠷᠦᠭᠰᠡᠨ ᠪᠦᠰᠡᠭᠦᠢ ᠭᠡᠳᠡᠭ
ᠭᠤᠴᠢ ᠬᠦᠷᠦᠭᠰᠡᠨ ᠪᠦᠰᠡᠭᠦᠢ ᠮᠢᠨᠢ
ᠭᠤᠴᠢ ᠬᠦᠷᠦᠭᠰᠡᠨ ᠪᠦᠰᠡᠭᠦᠢ ᠭᠡᠳᠡᠭ ᠭᠣᠶᠣ

ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ