ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠬᠣᠶᠠᠷ > Хялгасан дөрөөн дээр – Хасвулаг зохиов <12> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠬᠣᠶᠠᠷ > Хялгасан дөрөөн дээр – Хасвулаг зохиов <12>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠬᠣᠶᠠᠷ > Хялгасан дөрөөн дээр – Хасвулаг зохиов <12>

ᠠᠩᠭᠢᠯᠠᠯ:ᠲᠤᠭᠤᠵᠢ ᠷᠣᠮᠠᠨ
2026-01-12

153

ᠬᠢᠯᠭᠠᠰᠤᠨ ᠳᠥᠷᠥᠭᠡᠨ ᠳᠡᠭᠡᠷ᠎ᠡ – < ᠠᠷᠪᠠᠨ ᠬᠣᠶᠠᠷ >


                ᠠᠷᠪᠠᠨ ᠬᠣᠶᠠᠷ 

       ᠲᠦᠪᠰᠢᠨ ᠭᠤᠸᠠᠢ ᠭᠢᠯᠲᠠᠭᠠᠨᠠᠮ᠎ᠠ ᠰᠢᠷ ᠲᠡᠢ ᠥᠷᠭᠡᠨ ᠶᠡᠬᠡ ᠰᠢᠷᠡᠭᠡᠨ ᠦ᠌ ᠪᠡᠨ ᠠᠷᠤ ᠳ᠋ᠤ᠌ ᠰᠠᠭᠤᠭᠠᠳ᠂ ᠡᠮᠨᠡᠯᠭᠡ ᠶᠢᠨ ᠪᠠᠢᠴᠠᠭᠠᠨ ᠨᠤᠲᠠᠯᠠᠯᠲᠠ ᠬᠢᠭᠰᠡᠨ ᠦᠷ᠎ᠡ ᠳ᠋ᠦᠩ ᠦ᠋ᠨ ᠮᠡᠳᠡᠭᠦᠯᠦᠯᠲᠡ ᠶ᠋ᠢ ᠳᠠᠬᠢᠨ ᠳᠠᠪᠲᠠᠨ ᠡᠷᠭᠢᠭᠦᠯᠵᠦ ᠤᠷᠪᠠᠭᠤᠯᠵᠤ ᠦᠵᠡᠬᠦ ᠳ᠋ᠦ᠍᠂ ᠬᠥᠩᠬᠥᠷ ᠰᠢᠷ᠎ᠠ ᠨᠢᠳᠦᠨ ᠡᠴᠡ ᠨᠢ ᠬᠤᠷᠴᠠ ᠭᠡᠷᠡᠯ ᠰᠠᠴᠤᠷᠠᠨ᠎ᠠ᠃  
       ᠡᠳᠡᠭᠡᠷ ᠵᠦᠢᠯ ᠲᠡᠭᠦᠨ ᠳ᠋ᠦ᠍ ᠶᠡᠬᠡ ᠦᠨ᠎ᠡ ᠴᠠᠨ᠎ᠠ ᠲᠠᠢ ᠶᠠᠭᠤᠮ᠎ᠠ ᠪᠣᠯᠤᠭᠠᠳ ᠭᠦᠨ ᠪᠣᠳᠣᠯ ᠤ᠋ᠨ ᠶᠢᠷᠲᠢᠨᠴᠦ ᠳ᠋ᠦ᠍ ᠲᠦᠯᠬᠢᠭᠳᠡᠨ ᠣᠷᠣᠭᠰᠠᠨ ᠢ᠋ ᠨᠢᠳᠦᠨ ᠦ᠌ ᠬᠢᠨᠢ ᠭᠡᠷᠡᠯ ᠪᠣᠯᠤᠨ ᠴᠢᠷᠠᠢ ᠶ᠋ᠢᠨ ᠬᠤᠪᠢᠷᠠᠯᠲᠠ ᠠ᠋ᠴᠠ ᠨᠢ ᠢᠯᠡᠬᠡᠨ ᠬᠠᠷᠠᠭᠳᠠᠨ᠎ᠠ᠃ ᠡᠨᠡ ᠪᠣᠯ ᠳᠠᠷᠤᠢ ᠬᠣᠲᠠ ᠶ᠋ᠢᠨ ᠡᠮ ᠡᠮᠨᠡᠯᠭᠡ ᠶ᠋ᠢ ᠰᠤᠳᠤᠯᠬᠤ ᠭᠠᠵᠠᠷ ᠤ᠋ᠨ ᠬᠠᠨ ᠠᠪᠤᠭᠠᠢ ᠶ᠋ᠢᠨ ᠨᠢᠭᠤᠴᠠ ᠪᠠᠷ ᠬᠦᠷᠭᠡᠵᠦ ᠢᠷᠡᠭᠰᠡᠨ ᠮᠡᠳᠡᠭᠦᠯᠦᠯᠲᠡ ᠪᠣᠯᠤᠨ᠎ᠠ᠃ ᠬᠠᠨ ᠠᠪᠤᠭᠠᠢ ᠡᠨᠡ ᠮᠡᠳᠡᠭᠦᠯᠦᠯᠲᠡ ᠳᠦ ᠪᠡᠨ ᠭᠤᠷᠪᠠᠨ ᠨᠣᠬᠠᠢ ᠳ᠋ᠤ᠌ ᠠᠳᠠᠯᠢ ᠪᠤᠰᠤ ᠶ᠋ᠢᠨ ᠬᠡᠮᠵᠢᠶ᠎ᠡ ᠪᠡᠷ Aᠭᠤᠷᠪᠠᠳᠤᠭᠠᠷ ᠪᠠ Bᠵᠢᠷᠭᠤᠳᠤᠭᠠᠷ ᠢ᠋ ᠲᠠᠷᠢᠵᠤ ᠲᠤᠷᠰᠢᠯᠲᠠ ᠬᠢᠭᠰᠡᠨ ᠦᠷ᠎ᠡ ᠳ᠋ᠦᠩ ᠢ᠋ ᠲᠣᠳᠣᠷᠬᠠᠢᠯᠠᠵᠠᠢ᠃ 
       ᠲᠤᠷᠰᠢᠯᠲᠠ ᠬᠢᠭᠰᠡᠨ ᠮᠡᠳᠡᠭᠦᠯᠦᠯᠲᠡ 
       Aᠨᠣᠬᠠᠢ ᠳ᠋ᠤ᠌ ᠬᠣᠶᠠᠷ ᠮᠢᠯᠢᠯᠢᠲ᠋ᠷ Aᠭᠤᠷᠪᠠᠳᠤᠭᠠᠷ ᠪᠣᠯᠤᠨ B ᠵᠢᠷᠭᠤᠳᠤᠭᠠᠷ ᠢ᠋ ᠬᠣᠯᠢᠵᠤ ᠲᠠᠷᠢᠭᠰᠠᠨ ᠳ᠋ᠤ᠌ ᠠᠷᠪᠠᠨ ᠨᠠᠢ᠍ᠮᠠᠨ ᠮᠢᠨᠦ᠋ᠲ ᠪᠣᠯᠤᠭᠰᠠᠨ ᠤ᠋ ᠳᠠᠷᠠᠭ᠎ᠠ ᠨᠣᠬᠠᠢ ᠮᠠᠩᠰᠢᠭᠤᠷᠠᠨ ᠮᠠᠨᠠᠷᠠᠵᠤ ᠪᠦᠬᠦᠯᠢ ᠵᠢᠷᠭᠤᠭᠠᠨ ᠴᠠᠭ ᠪᠣᠯᠤᠭᠠᠳ ᠰᠠᠶᠢ ᠰᠡᠷᠡᠪᠡ᠃ ᠰᠡᠷᠡᠭᠰᠡᠨ ᠦ᠌ ᠳᠠᠷᠠᠭ᠎ᠠ ᠰᠦᠷ ᠰᠦᠯᠳᠡ ᠨᠢ ᠶᠡᠬᠡ ᠮᠠᠭᠤᠳᠠᠵᠤ ᠠᠷᠠᠢ ᠴᠢᠷᠠᠢ ᠪᠡᠶ᠎ᠡ ᠪᠡᠨ ᠳᠠᠭᠠᠭᠠᠨ ᠠᠯᠬᠤᠯᠠᠵᠤ ᠪᠠᠢᠪᠠ᠃ ᠢᠳᠡᠰᠢ ᠬᠣᠭᠣᠯᠠᠨ ᠳ᠋ᠤ᠌ ᠳᠤᠷᠠᠰᠢᠯ ᠦᠭᠡᠢ ᠠᠷᠪᠠᠭᠠᠳ ᠮᠢᠨᠦ᠋ᠲ ᠪᠣᠯᠤᠭᠠᠳ ᠰᠠᠶᠢ ᠭᠦᠢᠴᠡᠳ ᠰᠠᠷᠠᠨ ᠬᠡᠪ ᠦ᠋ᠨ ᠪᠠᠢᠳᠠᠯ ᠳ᠋ᠠᠭᠠᠨ ᠣᠷᠣᠪᠠ᠃ 
       Bᠨᠣᠬᠠᠢ ᠳ᠋ᠤ᠌ ᠳᠥᠷᠪᠡᠨ ᠮᠢᠯᠢᠯᠢᠲ᠋ᠷA ᠭᠤᠷᠪᠠᠳᠤᠭᠠᠷ ᠢ᠋ ᠳᠠᠩ ᠢ᠋ᠶ᠋ᠠᠷ ᠲᠠᠷᠢᠭᠰᠠᠨ ᠳ᠋ᠤ᠌ ᠠᠷᠪᠠᠨ ᠳᠣᠯᠣᠭᠠᠨ ᠮᠢᠨᠦ᠋ᠲ ᠦ᠋ᠨ ᠳᠠᠷᠠᠭ᠎ᠠ ᠮᠠᠩᠰᠢᠭᠤᠷᠠᠨ ᠮᠠᠨᠠᠷᠠᠵᠤ ᠪᠦᠬᠦᠯᠢ ᠠᠷᠪᠠᠨ ᠴᠠᠭ ᠪᠣᠯᠤᠭᠠᠳ ᠴᠤ᠌ ᠰᠡᠷᠡᠭᠰᠡᠨ ᠦᠭᠡᠢ ᠡᠴᠡ ᠦᠵᠡᠪᠡᠯ ᠡᠭᠦᠨ ᠡᠴᠡ ᠤᠷᠲᠤ ᠴᠠᠭ ᠲᠤ᠌ ᠴᠤ᠌ ᠰᠡᠷᠡᠬᠦ ᠦᠭᠡᠢ ᠪᠣᠯᠤᠯᠴᠠᠭ᠎ᠠ ᠪᠠᠢᠵᠤ ᠮᠡᠳᠡᠨ᠎ᠡ᠃ ᠢᠩᠭᠢᠭᠡᠳ ᠰᠡᠷᠡᠭᠡᠨ ᠲᠠᠮᠢᠷᠵᠢᠭᠤᠯᠬᠤ ᠡᠮ ᠲᠠᠷᠢᠵᠤ ᠠᠪᠤᠷᠠᠪᠠ᠃ 
       Cᠨᠣᠬᠠᠢ ᠳ᠋ᠤ᠌ ᠳᠥᠷᠪᠡᠨ ᠮᠢᠯᠢᠯᠢᠲ᠋ᠷ Aᠭᠤᠷᠪᠠᠳᠤᠭᠠᠷ ᠪᠠ ᠳᠥᠷᠪᠡᠨ ᠮᠢᠯᠢᠯᠢᠲ᠋ᠷB ᠵᠢᠷᠭᠤᠳᠤᠭᠠᠷ ᠢ᠋ ᠬᠣᠯᠢᠵᠤ ᠲᠠᠷᠢᠭᠰᠠᠨ ᠳ᠋ᠤ᠌ ᠠᠷᠪᠠᠨ ᠨᠠᠢ᠍ᠮᠠᠨ ᠮᠢᠨᠦ᠋ᠲ ᠦ᠋ᠨ ᠳᠠᠷᠠᠭ᠎ᠠ ᠮᠠᠩᠰᠢᠭᠤᠷᠠᠨ ᠮᠠᠨᠠᠷᠠᠵᠤ ᠤᠯᠠᠮ ᠠ᠋ᠴᠠ ᠤᠯᠠᠮ ᠬᠦᠨᠳᠦ ᠪᠣᠯᠬᠤ ᠪᠠᠢᠳᠠᠯ ᠭᠠᠷᠤᠭᠰᠠᠭᠠᠷ ᠪᠠᠢᠭᠠᠳ ᠬᠡᠰᠡᠭ ᠬᠡᠰᠡᠭ ᠲᠠᠲᠠᠪᠠᠯᠵᠠᠨ ᠬᠥᠳᠡᠯᠵᠦ ᠵᠢᠷᠦᠬᠡᠨ ᠴᠣᠬᠢᠯᠭ᠎ᠠ ᠨᠢ ᠢᠳᠡᠭ ᠢᠳᠡᠭ ᠢ᠋ᠶ᠋ᠡᠷ ᠤᠳᠠᠭᠠᠨ ᠪᠣᠯᠤᠭᠠᠳ ᠬᠣᠶᠠᠷ ᠴᠠᠭ ᠳᠥᠴᠢᠨ ᠮᠢᠨᠦ᠋ᠲ ᠦ᠋ᠨ ᠬᠤᠭᠤᠴᠠᠭ᠎ᠠ ᠬᠡᠷᠡᠭᠯᠡᠭᠡᠳ ᠵᠢᠷᠦᠬᠡᠨ ᠴᠣᠬᠢᠯᠭ᠎ᠠ ᠨᠢ ᠪᠦᠷᠢᠮᠦᠰᠦᠨ ᠵᠣᠭᠰᠣᠵᠤ ᠠᠮᠢᠰᠬᠤᠯ ᠨᠢ ᠲᠠᠰᠤᠷᠠᠪᠠ᠃ 
       ᠲᠦᠪᠰᠢᠨ ᠭᠤᠸᠠᠢ᠂ ᠳᠥᠬᠥᠮᠬᠡᠨ ᠪᠢᠴᠢᠭᠰᠡᠨ ᠡᠨᠡ ᠮᠡᠳᠡᠭᠦᠯᠦᠯᠲᠡ ᠶ᠋ᠢ ᠶᠠᠭ ᠯᠠ ᠦᠵᠡᠭᠡᠳ ᠬᠠᠩᠬᠤ ᠦᠭᠡᠢ ᠰᠢᠭ ᠳᠠᠬᠢᠨ ᠳᠠᠪᠲᠠᠨ ᠣᠯᠠᠨ ᠵᠦᠢᠯ ᠲᠡᠢ ᠬᠣᠯᠪᠣᠭᠳᠠᠭᠤᠯᠤᠨ ᠪᠣᠳᠣᠯᠬᠢᠯᠠᠭᠰᠠᠭᠠᠷ ᠨᠢᠭᠡ ᠡᠳᠦᠷ ᠪᠣᠯᠵᠠᠢ᠃  
       ᠥᠨᠳᠡᠭᠡᠨ ᠡᠴᠡ ᠶᠠᠰᠤ ᠡᠷᠢᠵᠦ᠂ ᠥᠭᠡᠬᠦᠨ ᠡᠴᠡ ᠰᠢᠷᠪᠥᠰᠥ ᠬᠠᠢᠬᠤ ᠭᠡᠳᠡᠭ ᠢ᠋ᠶ᠋ᠡᠷ ᠲᠦᠪᠰᠢᠨ᠂ ᠪᠠᠢᠴᠠᠭᠠᠯᠲᠠ ᠶ᠋ᠢᠨ ᠳᠤᠮᠳᠠᠬᠢ ᠮᠠᠳᠠᠭ ᠲᠠᠢ ᠠᠰᠠᠭᠤᠯᠲᠠ ᠳ᠋ᠤ᠌ ᠡᠢᠮᠦ ᠣᠪᠣᠷ ᠠᠪᠳᠠᠭ ᠪᠠᠢᠨ᠎ᠠ᠃ AᠭᠤᠷᠪᠠᠳᠤᠭᠠᠷB ᠵᠢᠷᠭᠤᠳᠤᠭᠠᠷ ᠢ᠋ ᠳᠥᠷᠪᠡ ᠳᠥᠷᠪᠡᠨ ᠮᠢᠯᠢᠯᠢᠲ᠋ᠷ ᠢ᠋ᠶ᠋ᠡᠷ ᠬᠣᠯᠢᠵᠤ ᠲᠠᠷᠢᠭᠠᠳ ᠨᠣᠬᠠᠢ ᠪᠠᠷᠤᠭ ᠭᠤᠷᠪᠠᠨ ᠴᠠᠭ ᠰᠢᠬᠠᠭᠤ ᠠᠮᠢᠳᠤᠷᠠᠭᠰᠠᠨ ᠢ᠋ ᠭᠠᠢᠬᠠᠵᠤ ᠪᠠᠢᠵᠠᠢ᠃ ᠲᠡᠭᠦᠨ ᠦ᠌ ᠭᠣᠣᠯ ᠪᠣᠯᠬᠤ ᠢᠯᠡᠷᠡᠯ ᠨᠢ ᠲᠠᠰᠤ ᠮᠡᠳᠡᠭᠡ ᠠᠯᠲᠠᠨ ᠮᠠᠨᠠᠷᠠᠨ ᠤᠨᠲᠠᠵᠤ ᠵᠢᠷᠦᠬᠡᠨ ᠴᠣᠬᠢᠯᠭ᠎ᠠ ᠨᠢ ᠠᠯᠭᠤᠷ ᠨᠠᠮᠵᠢᠷᠠᠭᠰᠠᠭᠠᠷ ᠦᠬᠦᠭᠰᠡᠨ ᠪᠠᠢᠨ᠎ᠠ᠃  
       ᠭᠡᠲᠡᠯ᠎ᠡ ᠦᠵᠡᠰᠬᠦᠯᠡᠩ ᠬᠠᠭᠠᠰ ᠴᠠᠭ ᠴᠤ᠌ ᠪᠣᠯᠤᠭᠠᠳᠤᠢ ᠪᠠᠷ ᠠᠮᠢᠰᠬᠤᠯ ᠬᠤᠷᠢᠶᠠᠵᠤ᠂ ᠲᠡᠷᠡᠴᠢᠯᠡᠨ ᠥᠴᠦᠬᠡᠨ ᠴᠤ᠌ ᠠᠮᠤᠷᠵᠢᠵᠤ ᠮᠠᠨᠠᠷᠠᠭᠰᠠᠨ ᠪᠠᠢᠳᠠᠯ ᠦᠭᠡᠢ ᠮᠥᠷᠲᠡᠭᠡᠨ ᠴᠢᠷᠠᠯᠠᠨ ᠪᠠᠷᠬᠢᠷᠠᠵᠤ ᠰᠦᠷᠡᠬᠡᠢ ᠵᠣᠪᠠᠭᠤᠷᠢᠯᠠᠵᠤ ᠰᠠᠷᠪᠠᠯᠵᠠᠭᠰᠠᠭᠠᠷ ᠦᠬᠦᠭᠰᠡᠨ ᠪᠠᠢᠨ᠎ᠠ᠃ ᠶᠠᠭᠠᠬᠢᠭᠠᠳ ᠠᠳᠠᠯᠢᠬᠠᠨ ᠡᠮ ᠳ᠋ᠦ᠍ ᠡᠢᠮᠦ ᠡᠷᠡᠰ ᠣᠨᠳᠣᠣ ᠬᠣᠶᠠᠷ ᠵᠦᠢᠯ ᠦ᠋ᠨ ᠢᠯᠡᠷᠡᠯ ᠭᠠᠷᠤᠭᠰᠠᠨ ᠪᠣᠢ? ᠨᠣᠬᠠᠢ ᠪᠣᠯᠤᠨ ᠬᠥᠮᠦᠨ ᠦ᠌ ᠪᠡᠶ᠎ᠡ ᠶ᠋ᠢᠨ ᠳᠣᠲᠣᠭᠠᠳᠤ ᠡᠷᠬᠡᠲᠡᠨ ᠦ᠌ ᠪᠠᠢᠳᠠᠯ ᠪᠠᠢᠷᠢᠯᠠᠯ ᠪᠠ ᠡᠮ ᠡᠰᠡᠷᠭᠦᠴᠡᠬᠦ ᠴᠢᠳᠠᠪᠤᠷᠢ ᠦᠨᠳᠦᠰᠦᠨ ᠳ᠋ᠡᠭᠡᠨ ᠠᠳᠠᠯᠢᠪᠲᠤᠷ ᠪᠠᠢᠳᠠᠭ᠃  ᠶᠠᠭ ᠠᠳᠠᠯᠢ ᠦᠭᠡᠢ ᠴᠤ᠌ ᠭᠡᠰᠡᠨ ᠡᠮ ᠦ᠋ᠨ ᠦᠢᠯᠡᠳᠦᠯ ᠲᠤᠰᠬᠠᠯ ᠤ᠋ᠨ ᠲᠠᠯ᠎ᠠ ᠪᠠᠷ ᠡᠢᠮᠦ ᠶᠡᠬᠡ ᠵᠦᠷᠢᠶᠡᠨ ᠭᠠᠷᠬᠤ ᠪᠣᠯᠤᠯᠴᠠᠭ᠎ᠠ ᠯᠠᠪ ᠦᠭᠡᠢ ᠶᠦᠮ᠃  
       ᠦᠵᠡᠰᠬᠦᠯᠡᠩ ᠦ᠋ᠨ ᠪᠡᠶ᠎ᠡ ᠶ᠋ᠢᠨ ᠪᠦᠲᠦᠴᠡ᠂ ᠡᠮ ᠡᠰᠡᠷᠭᠦᠴᠡᠬᠦ ᠴᠢᠳᠠᠪᠤᠷᠢ ᠥᠭᠡᠷ᠎ᠡ ᠪᠤᠰᠤᠳ ᠠ᠋ᠴᠠ ᠣᠨᠴᠠᠭᠠᠢ ᠭᠡᠵᠢ ᠤᠤ? ᠠᠮᠢᠳᠤᠷᠠᠯ ᠤ᠋ᠨ ᠳᠤᠮᠳᠠ ᠰᠣᠴᠢᠵᠤ ᠭᠠᠢᠬᠠᠮ᠎ᠠ ᠰᠠᠨᠠᠭᠠᠨ ᠠ᠋ᠴᠠ ᠭᠠᠳᠠᠨᠠᠬᠢ ᠦᠢᠯᠡ ᠬᠡᠷᠡᠭ ᠣᠯᠠᠨ ᠲᠣᠬᠢᠶᠠᠯᠳᠤᠳᠠᠭ ᠢ᠋ ᠲᠦᠪᠰᠢᠨ ᠭᠤᠸᠠᠢ ᠢᠲᠡᠭᠡᠵᠦ ᠶᠠᠪᠤᠳᠠᠭ ᠪᠣᠯᠪᠠᠴᠤ ᠡᠨᠡ ᠬᠦ᠌ ᠡᠮ᠂ ᠬᠥᠮᠦᠨ ᠠᠮᠢᠲᠠᠨ ᠤ᠋ ᠬᠣᠭᠣᠷᠣᠨᠳᠣ ᠡᠢᠮᠦ ᠶᠡᠬᠡ ᠵᠥᠷᠢᠶ᠎ᠡ ᠭᠠᠷᠬᠤ ᠶ᠋ᠢ ᠲᠡᠷᠡ ᠬᠡᠨ ᠡᠴᠡ ᠴᠤ᠌ ᠢᠯᠡᠭᠦᠦ ᠰᠡᠵᠢᠭᠯᠡᠵᠦ ᠪᠠᠢᠭ᠎ᠠ ᠠᠵᠢ᠃ 
       ᠨᠠᠢ᠍ᠮᠠᠨ ᠮᠢᠯᠢᠯᠢᠲ᠋ᠷ ᠭᠡᠳᠡᠭ ᠪᠣᠯ ᠵᠥᠪᠬᠡᠨ ᠲᠡᠷᠡ ᠶᠠᠯᠠᠲᠠᠨ ᠤ᠋ ᠠᠮᠠᠨ ᠥᠴᠢᠭ ᠦ᠋ᠨ ᠲᠡᠳᠦᠢ ᠯᠡ ᠶᠦᠮ᠃ ᠬᠠᠷᠢᠨ ᠦᠨᠡᠨ ᠭᠡᠷᠡᠴᠢ ᠥᠴᠦᠬᠡᠨ ᠴᠤ᠌ ᠪᠠᠢᠬᠤ ᠦᠭᠡᠢ ᠰᠢᠦ᠃ ᠡᠮ ᠲᠠᠷᠢᠬᠤ ᠪᠠᠭᠠᠵᠢ ᠳ᠋ᠤ᠌ ᠦᠯᠡᠳᠡᠭᠰᠡᠨ ᠣᠷᠣ ᠮᠥᠷ ᠢ᠋ᠶ᠋ᠡᠷ ᠦᠵᠡᠬᠦ ᠳ᠋ᠦ᠍᠂ ᠰᠠᠶᠢ ᠳᠥᠷᠪᠡᠨ ᠮᠢᠯᠢᠯᠢᠲ᠋ᠷ ᠪᠠᠢᠭᠰᠠᠨ᠃ ᠬᠡᠷᠡᠭ ᠦ᠋ᠨ ᠲᠠᠯᠠᠪᠠᠢ ᠠ᠋ᠴᠠ ᠴᠤ᠌ ᠬᠣᠶᠠᠷ ᠮᠢᠯᠢᠯᠢᠲ᠋ᠷ ᠰᠠᠪᠠᠯᠠᠳᠠᠭA ᠭᠤᠷᠪᠠᠳᠤᠭᠠᠷ ᠤ᠋ᠨ ᠯᠣᠩᠬᠣ ᠨᠢᠭᠡ᠂ Bᠵᠢᠷᠭᠤᠳᠤᠭᠠᠷ ᠤ᠋ᠨ ᠯᠣᠩᠬᠣ ᠨᠢᠭᠡ ᠶ᠋ᠢ ᠣᠯᠤᠭᠰᠠᠨ᠃ ᠨᠡᠢᠯᠡᠭᠦᠯᠪᠡᠯ ᠰᠠᠶᠢ ᠳᠥᠷᠪᠡᠨ ᠮᠢᠯᠢᠯᠢᠲ᠋ᠷ᠃ ᠡᠳᠡᠭᠡᠷ ᠡᠳᠦᠷ ᠲᠦ᠍ ᠲᠦᠪᠰᠢᠨ ᠭᠤᠸᠠᠢ ᠴᠤ᠌ ᠦᠨᠡᠨ ᠳᠦ ᠪᠡᠨ ᠦᠵᠡᠰᠬᠦᠯᠡᠩ ᠳ᠋ᠦ᠍ ᠨᠡᠢᠲᠡ ᠳᠥᠷᠪᠡᠨ ᠮᠢᠯᠢᠯᠢᠲ᠋ᠷ ᠡᠮ ᠲᠠᠷᠢᠭᠰᠠᠨ ᠢ᠋ ᠳᠡᠢᠯᠦᠩᠭᠦᠢ ᠢᠲᠡᠭᠡᠬᠦ ᠪᠣᠯᠤᠭᠰᠠᠨ ᠶᠤᠮ᠃ ᠬᠡᠷᠪᠡ ᠳᠥᠷᠪᠡᠨ ᠮᠢᠯᠢᠯᠢᠲ᠋ᠷ ᠦ᠋ᠨ ᠬᠢᠷᠢᠲᠡᠢ ᠪᠣᠯ ᠬᠥᠮᠦᠨ ᠦ᠌ ᠠᠮᠢᠨ ᠳ᠋ᠤ᠌ ᠬᠦᠷᠬᠦ ᠪᠣᠯᠤᠯᠴᠠᠭ᠎ᠠ ᠦᠭᠡᠢ ᠶ᠋ᠢ ᠨᠢᠭᠡᠨᠲᠡ ᠲᠤᠷᠰᠢᠨ ᠪᠠᠲᠤᠯᠠᠭᠰᠠᠨ ᠪᠢᠰᠢ ᠤᠤ? ᠢᠩᠭᠢᠪᠡᠯ ᠲᠡᠭᠦᠨ ᠦ᠌ ᠳᠣᠲᠣᠷ᠎ᠠ ᠴᠣᠬᠣᠮ ᠥᠭᠡᠷ᠎ᠡ ᠪᠠᠰᠠ ᠶᠠᠮᠠᠷ ᠠᠰᠠᠭᠤᠳᠠᠯ ᠣᠷᠣᠰᠢᠵᠤ ᠪᠠᠢᠳᠠᠭ ᠪᠣᠢ? 
       ᠲᠦᠪᠰᠢᠨ ᠭᠤᠸᠠᠢ ᠡᠯᠳᠡᠪ ᠰᠡᠵᠢᠭ ᠦ᠋ᠨ ᠶᠠᠭᠤᠮ᠎ᠠ ᠪᠣᠳᠣᠭᠰᠠᠭᠠᠷ ᠣᠷᠣᠢ ᠶ᠋ᠢᠨ ᠠᠵᠢᠯ ᠪᠠᠭᠤᠬᠤ ᠳ᠋ᠤ᠌ ᠰᠠᠭᠤᠳᠠᠯ ᠠ᠋ᠴᠠ ᠪᠠᠨ ᠤᠬᠤᠰᠬᠢᠨ ᠪᠣᠰᠴᠤ ᠳ᠋ᠢᠶᠠᠩᠬᠤᠸᠠ ᠶ᠋ᠢᠨ ᠨᠣᠮᠧᠷ ᠢ᠋ ᠱᠠᠷᠴᠢᠭᠢᠨᠠᠲᠠᠯ᠎ᠠ ᠡᠷᠭᠢᠯᠳᠦᠭᠦᠯᠬᠦ ᠳ᠋ᠦ᠍ ᠨᠢᠭᠤᠷ ᠲᠤᠨᠢ ᠬᠠᠨᠤᠮᠵᠢᠲᠠᠢ ᠢᠨᠢᠶᠡᠳᠦ ᠲᠣᠳᠣᠷᠠᠵᠤ ᠪᠠᠢᠯ᠎ᠠ᠃ 
       《ᠠᠰᠠ‍ᠷ》ᠠᠪᠤᠭᠠᠢ ᠤᠤ? ᠠᠮᠢᠳᠤ ᠮᠡᠨᠳᠦ ᠤᠤ? ᠾᠧᠩ᠂ ᠭᠠᠭᠴᠠ ᠴᠢᠨᠦ ᠲᠡᠷᠡ ᠨᠣᠪᠰᠢ ᠶ᠋ᠢᠨ ᠮᠡᠳᠡᠭᠦᠯᠦᠯᠲᠡ ᠨᠠᠳᠠ ᠪᠣᠯᠠᠢ ᠶᠡᠬᠡ ᠶᠠᠷᠰᠢᠭ ᠲᠠᠲᠠᠭᠰᠠᠨ ᠳᠠ᠃ ᠶᠠᠭᠤ ᠭᠡᠨ᠎ᠡ ᠠ᠋? ᠬᠣᠬᠢ ᠳᠤ ᠪᠠᠨ ᠭᠡᠨ᠎ᠡ ᠤᠤ? ᠪᠢ ᠴᠢᠮ᠎ᠠ ᠳ᠋ᠤ᠌ ᠬᠡᠯᠡᠵᠦ ᠥᠭᠭᠦᠶ᠎ᠡ! ᠴᠢ ᠨᠢᠭᠡᠨᠲᠡ ᠭᠠᠷᠭᠠᠭᠰᠠᠨ ᠦᠷ᠎ᠡ ᠳ᠋ᠦᠩ ᠢ᠋ᠶ᠋ᠡᠨ ᠥᠪᠡᠷ ᠢ᠋ᠶ᠋ᠡᠨ ᠰᠢᠢᠳᠪᠦᠷᠢᠯᠡᠬᠦ ᠬᠡᠷᠡᠭᠲᠡᠢ᠃ ᠡᠪᠦᠭᠡ ᠨᠢ ᠶᠠᠭᠠᠬᠢᠵᠤ ᠰᠢᠢᠳᠪᠦᠷᠢᠯᠡᠬᠦ ᠪᠣᠢ? ᠴᠢ ᠨᠠᠳᠠ ᠦᠵᠡᠰᠬᠦᠯᠡᠩ ᠦ᠋ᠨ ᠬᠡᠭᠦᠷ ᠢ᠋ ᠳᠠᠬᠢᠨ ᠲᠤᠶᠠᠴᠢᠵᠤ ᠥᠭᠬᠦ ᠬᠡᠷᠡᠭᠲᠡᠢ ᠪᠣᠯᠤᠯ᠎ᠠ᠃ ᠦ᠂ ᠪᠣᠳᠣᠬᠤ ᠳ᠋ᠤ᠌ ᠬᠡᠭᠦᠷ ᠨᠢ ᠪᠠᠷᠤᠭ ᠡᠪᠳᠡᠷᠡᠭᠰᠡᠨ ᠦᠭᠡᠢ ᠪᠠᠢᠬᠤ᠃ ᠨᠢᠳᠤᠨᠤᠨ ᠤ᠋ ᠠᠷᠪᠠᠨ ᠨᠢᠭᠡᠨ ᠰᠠᠷ᠎ᠠ ᠶ᠋ᠢᠨ ᠭᠠᠵᠠᠷ ᠤ᠋ᠨ ᠬᠥᠯᠳᠡᠭᠦᠦ ᠳ᠋ᠦ᠍ ᠪᠤᠯᠠᠭᠰᠠᠨ᠃ ᠲᠡᠷᠡ ᠮᠥᠷᠲᠡᠭᠡᠨ ᠣᠳᠣ ᠪᠠᠰᠠ ᠭᠠᠵᠠᠷ ᠭᠦᠢᠴᠡᠳ ᠬᠡᠰᠦᠭᠡᠳᠦᠢ ᠶᠦᠮ ᠴᠢᠨᠢ ᠯᠠᠪᠲᠠᠢ ᠭᠡᠮ ᠦᠭᠡᠢ ᠪᠠᠢᠬᠤ᠃ ᠲᠡᠢᠮᠦ ᠠ᠋᠂ ᠲᠡᠢᠮᠦ᠂ ᠪᠢ ᠰᠦᠷᠡᠬᠡᠢ ᠰᠡᠵᠢᠭᠯᠡᠵᠦ ᠪᠠᠢᠨ᠎ᠠ᠃ ᠦᠵᠡᠰᠬᠦᠯᠡᠩ ᠥᠭᠡᠷ᠎ᠡ ᠰᠢᠯᠲᠠᠭᠠᠨ ᠢ᠋ᠶ᠋ᠠᠷ ᠦᠬᠦᠭᠰᠡᠨ ᠪᠣᠯᠪᠠ ᠤᠤ ᠭᠡᠵᠦ ᠪᠣᠳᠣᠬᠤ ᠪᠣᠯᠴᠢᠬᠠᠯ᠎ᠠ᠃ ᠴᠢᠨᠦ ᠪᠣᠳᠣᠯ ᠲᠠᠢ ᠠᠳᠠᠯᠢᠬᠠᠨ ᠭᠡᠨ᠎ᠡ? ᠮᠠᠭᠤ ᠵᠠᠯᠢᠬᠠᠢ ᠵᠣᠯᠢᠭ᠃ 《ᠠᠰᠠᠷ ᠬᠠᠮᠠᠷᠲᠤ》 ᠴᠢᠮ᠎ᠠ ᠶᠢ ᠳᠠ! ᠦ᠂ ᠪᠣᠯᠤᠨ᠎ᠠ᠂ ᠪᠣᠯᠤᠨ᠎ᠠ᠃ ᠲᠤᠷᠰᠢᠯᠲᠠ ᠬᠢᠵᠦ ᠪᠠᠢᠭ᠎ᠠ ᠰᠤᠷᠤᠭᠴᠢ ᠪᠠᠨ ᠳᠠᠭᠠᠭᠤᠯᠬᠤ ᠪᠠᠢᠲᠤᠭᠠᠢ ᠡᠮᠡᠭᠡᠨ ᠢ᠋ᠶ᠋ᠡᠨ ᠳᠠᠭᠠᠭᠤᠯᠵᠤ ᠣᠴᠢᠭᠠᠳ ᠲᠤᠶᠠᠴᠢᠭᠰᠠᠨ ᠴᠤ᠌ ᠵᠥᠪᠰᠢᠶᠡᠷᠡᠬᠦ ᠬᠡᠷᠡᠭ᠃ ᠭᠡᠪᠡᠴᠦ ᠵᠠᠪᠠᠯ ᠨᠢᠭᠤᠴᠠ ᠪᠠᠢᠬᠤ ᠬᠡᠷᠡᠭᠲᠡᠢ ᠰᠢᠦ᠃ ᠵᠠ ᠢᠩᠭᠢᠵᠦ ᠲᠣᠭᠲᠠᠶ᠎ᠠ᠃ ᠮᠠᠷᠭᠠᠰᠢ ᠳᠠᠷᠤᠢ ᠠᠪᠰᠠ ᠠᠭᠤᠳᠠᠯᠤᠨ ᠲᠤᠶᠠᠴᠢᠵᠤ ᠪᠣᠯᠤᠨ᠎ᠠ᠃ ᠬᠠᠢᠯᠤᠭᠤᠯᠬᠤ ᠶ᠋ᠢ ᠬᠣᠷᠢᠭᠯᠠᠭᠰᠠᠨ ᠰᠡᠵᠢᠭᠲᠡᠢ ᠬᠡᠭᠦᠷ ᠣᠷᠣᠰᠢᠭᠤᠯᠬᠤ ᠲᠠᠯᠠᠪᠠᠢ ᠶ᠋ᠢᠨ ᠨᠠᠢ᠍ᠮᠠᠳᠤᠭᠠᠷ ᠨᠣᠮᠧᠷᠲᠦ ᠪᠤᠯᠠᠰᠢ᠃ ᠪᠢ ᠴᠢᠮ᠎ᠠ ᠳ᠋ᠦ᠍ ᠬᠡᠭᠦᠷ ᠠᠭᠤᠳᠠᠯᠠᠵᠤ ᠲᠤᠶᠠᠴᠠᠬᠤ ᠵᠥᠪᠰᠢᠶᠡᠷᠡᠯ ᠭᠡᠷᠡᠴᠢ ᠭᠠᠷᠭᠠᠵᠤ ᠥᠭᠭᠦᠶ᠎ᠡ᠂ ᠬᠡᠭᠦᠷ ᠲᠤᠶᠠᠴᠢᠬᠤ ᠳ᠋ᠤ᠌ ᠵᠠᠷᠤᠴᠠᠭᠤᠯᠤᠭᠰᠠᠨ ᠠᠯᠢᠪᠠ ᠰᠦᠢᠳᠬᠡᠯ ᠢ᠋ ᠨᠢ ᠪᠢᠳᠡ ᠬᠠᠷᠢᠭᠤᠴᠠᠶ᠎ᠠ᠂ 《ᠠᠰᠠᠷ ᠬᠠᠮᠠᠷᠲᠤ》ᠮᠢᠨᠢ ᠭᠡᠳ ᠳ᠋ᠢᠶᠠᠩᠬᠤᠸᠠ ᠪᠠᠨ ᠲᠠᠯᠪᠢᠯ᠎ᠠ᠃ 
       ᠲᠦᠪᠰᠢᠨ ᠢᠩᠭᠢᠵᠦ ᠦᠵᠡᠰᠬᠦᠯᠡᠩ ᠦ᠋ᠨ ᠬᠡᠭᠦᠷ ᠢ᠋ ᠳᠠᠬᠢᠨ ᠲᠤᠶᠠᠴᠢᠬᠤ ᠭᠡᠨᠡᠳᠲᠡ ᠶ᠋ᠢᠨ ᠰᠢᠢᠳᠪᠦᠷᠢ ᠪᠡᠨ ᠪᠣᠳᠠᠲᠤ ᠬᠥᠮᠦᠨ ᠳ᠋ᠦ᠍ ᠳᠣᠣᠷ᠎ᠠ ᠨᠢ ᠨᠠᠢᠳᠠᠪᠤᠷᠢᠵᠢᠭᠤᠯᠤᠨ ᠲᠤᠰᠢᠶᠠᠭᠠᠳ ᠰᠢᠷ᠎ᠠ ᠨᠢᠳᠦᠨ ᠡᠴᠡ ᠪᠡᠨ ᠲᠠᠢᠪᠤᠰᠢᠷᠠᠭᠰᠠᠨ ᠭᠡᠷᠡᠯ ᠬᠠᠷᠪᠤᠭᠤᠯᠤᠨ ᠠᠭᠤᠵᠢᠮ ᠭᠡᠭᠴᠢ ᠨᠢᠭᠡ ᠠᠮᠢᠰᠬᠤᠵᠤ ᠠᠪᠤᠯ᠎ᠠ᠃ 
       ᠬᠦᠨᠳᠦ ᠬᠡᠷᠡᠭ ᠲᠦ᠍ ᠬᠣᠯᠪᠣᠭᠳᠠᠭᠰᠠᠨ ᠰᠡᠵᠢᠭ ᠲᠡᠢ ᠬᠡᠭᠦᠷ ᠦ᠋ᠳ ᠢ᠋ ᠬᠠᠢᠯᠤᠭᠤᠯᠬᠤ ᠦᠭᠡᠢ ᠪᠡᠷ ᠪᠤᠯᠠᠳᠠᠭ ᠨᠢ ᠡᠨᠡ ᠬᠣᠲᠠ ᠶ᠋ᠢᠨ ᠨᠢᠭᠡᠨ ᠵᠤᠷᠰᠢᠭᠰᠠᠨ ᠲᠣᠭᠲᠠᠭᠠᠯ ᠪᠠᠢᠵᠠᠢ᠃ ᠡᠨᠡ ᠨᠢ ᠥᠨᠥᠳᠥᠷ ᠦᠵᠡᠰᠬᠦᠯᠡᠩ ᠦ᠋ᠨ ᠬᠡᠭᠦᠷ ᠢ᠋ ᠳᠠᠬᠢᠨ ᠲᠤᠶᠠᠴᠢᠬᠤ ᠪᠠᠷ ᠠᠪᠰᠠ ᠨᠡᠭᠡᠭᠡᠬᠦ ᠳ᠋ᠦ᠍ ᠮᠠᠰᠢ ᠳᠥᠭᠥᠮ ᠨᠥᠬᠥᠴᠡᠯ ᠪᠣᠯᠵᠠᠢ᠃ 

         ᠤᠩᠰᠢᠭᠰᠠᠨ ᠨᠢ᠄ ᠴᠡᠴᠡᠭᠮ᠎ᠠ