ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠳᠥᠷᠪᠡ> Хялгасан дөрөөн дээр – Хасвулаг зохиов <24>
ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠳᠥᠷᠪᠡ>
— ᠸᠠᠩ ᠯᠠᠨ ᠬᠤᠸᠠ ᠨᠥᠬᠥᠷ ᠠ᠋᠂ ᠪᠠᠰᠠ ᠯᠠ ᠲᠠᠨ ᠢ᠋ ᠵᠣᠪᠠᠭᠠᠬᠤ ᠪᠠᠷ ᠢᠷᠡᠯ᠎ᠡ᠃ ᠠᠭᠤᠴᠢᠯᠠᠭᠠᠷᠠᠢ! ᠭᠡᠵᠦ ᠬᠡᠯᠡᠬᠦ ᠳ᠋ᠦ᠍ ᠴᠠᠭᠠᠳᠤᠬᠢ ᠨᠢ ᠬᠠᠷᠢᠨ ᠴᠠᠢ ᠴᠦᠢ ᠪᠦᠷᠢᠬᠦ ᠶ᠋ᠢᠨ ᠳᠠᠭᠠᠤ᠄
— ᠶᠡᠷᠦ ᠨᠢ ᠡᠨᠡ ᠬᠠᠤᠯᠢ ᠴᠠᠭᠠᠵᠠ ᠶ᠋ᠢᠨ ᠺᠠᠲᠡᠷᠴᠦᠳ ᠲᠡᠢ ᠣᠢᠷᠠᠳᠬᠤ ᠶ᠋ᠢᠨ ᠠᠷᠭ᠎ᠠ ᠦᠭᠡᠢ ᠶᠦᠮ ᠪᠠᠢᠨ᠎ᠠ᠃ ᠮᠠᠨ ᠤ᠋ ᠡᠭᠦᠳᠡ ᠶ᠋ᠢ ᠨᠢᠭᠡ ᠯᠡ ᠣᠯᠤᠭᠰᠠᠨ ᠴᠢᠨᠢ ᠪᠣᠱᠣᠭ᠎ᠠ ᠡᠯᠡᠭᠡᠮᠡᠷ ᠢᠷᠡᠭᠡᠳ ᠪᠠᠢᠬᠤ ᠶᠤᠮ ᠭᠡᠳ ᠳᠣᠷᠣᠭᠰᠢ ᠬᠠᠷᠠᠨ ᠢᠨᠢᠶᠡᠭᠰᠡᠨ ᠢ᠋ᠶ᠋ᠡᠨ᠄
— ᠨᠢᠭᠡᠨᠲᠡ ᠢᠷᠡᠭᠰᠡᠨ ᠦ᠌ ᠬᠣᠢᠨ᠎ᠠ ᠲᠡᠭᠡᠵᠦ ᠡᠷᠡᠭᠡᠯᠡᠮᠡᠷ ᠴᠤ᠌ ᠶᠠᠭᠤ ᠪᠠᠢᠬᠤ ᠪᠣᠢ ᠳᠠ᠃ ᠳᠡᠭᠡᠷ᠎ᠡ ᠤᠳᠠᠭ᠎ᠠ ᠪᠢ ᠲᠠᠨᠠᠷ ᠲᠤ᠌ ᠬᠡᠯᠡᠭᠰᠡᠨ ᠰᠢᠲᠠ᠃ ᠬᠡᠷᠪᠡ ᠨᠠᠳᠠ ᠠ᠋ᠴᠠ ᠠᠰᠠᠭᠤᠵᠤ ᠲᠣᠳᠣᠷᠬᠠᠢᠯᠠᠬᠤ ᠤᠴᠢᠷ ᠪᠠᠢᠪᠠᠯ ᠬᠡᠵᠢᠶ᠎ᠡ ᠢᠷᠡᠭᠰᠡᠨ ᠴᠤ᠌ ᠬᠠᠮᠢᠶ᠎ᠠ ᠦᠭᠡᠢ ᠭᠡᠰᠡᠨ ᠰᠢᠦ ᠭᠡᠵᠦ ᠵᠠᠯᠭᠠᠵᠤ ᠬᠡᠯᠡᠪᠡ᠃
— ᠪᠢᠳᠡ ᠲᠠᠨ ᠠ᠋ᠴᠠ ᠦᠵᠡᠰᠬᠦᠯᠡᠩ ᠦ᠋ᠨ ᠲᠤᠬᠠᠢ ᠬᠣᠶᠠᠷ ᠠᠰᠠᠭᠤᠳᠠᠯ ᠢ᠋ ᠯᠠᠪᠯᠠᠶ᠎ᠠ ᠭᠡᠰᠡᠨ ᠶᠦᠮ᠃ ᠲᠠ᠁ ᠭᠡᠲᠡᠯ᠎ᠡ ᠸᠠᠩ ᠯᠠᠨ ᠬᠤᠸᠠ ᠦᠭᠡ ᠲᠣᠰᠴᠤ᠄
— ᠬᠡᠷᠪᠡ ᠮᠢᠨᠦ ᠮᠡᠳᠡᠬᠦ ᠵᠦᠢᠯ ᠪᠣᠯ ᠬᠡᠯᠡᠭᠡᠳ ᠥᠭᠭᠦᠶ᠎ᠡ ᠳᠡ ᠭᠡᠵᠦ ᠰᠢᠪ ᠰᠢᠯᠤᠭᠤᠬᠠᠨ ᠬᠠᠷᠢᠭᠤᠯᠪᠠ᠃
— ᠠᠷᠪᠠᠨ ᠵᠢᠷᠭᠤᠭᠠᠨ ᠵᠢᠯ ᠦ᠋ᠨ ᠡᠮᠦᠨ᠎ᠡ ᠦᠵᠡᠰᠬᠦᠯᠡᠩ ᠢ᠋ ᠬᠥᠩᠭᠡᠵᠢᠬᠦ ᠳ᠋ᠦ᠍ ᠲᠠ ᠳᠡᠷᠭᠡᠳᠡ ᠨᠢ ᠪᠠᠢᠭᠰᠠᠨ ᠤᠤ?
— ᠨᠢᠭᠡ ᠰᠠᠢᠬᠠᠨ ᠬᠦᠦ ᠲᠥᠷᠥᠭᠡᠳ ᠠᠯᠳᠠᠴᠢᠬᠠᠭᠰᠠᠨ᠃
— ᠬᠦᠦ ᠨᠢ ᠶᠠᠮᠠᠷ ᠡᠪᠡᠳᠴᠢᠨ ᠳ᠋ᠦ᠍ ᠨᠡᠷᠪᠡᠭᠳᠡᠴᠢᠬᠡᠪᠡ?
— ᠬᠥᠮᠦᠰ ᠦ᠋ᠨ ᠬᠡᠯᠡᠯᠴᠡᠬᠦ ᠪᠡᠷ ᠬᠢᠵᠢᠭ ᠡᠪᠡᠳᠴᠢᠨ ᠭᠡᠳᠡᠭ᠃ ᠴᠣᠬᠣᠮ ᠶᠠᠮᠠᠷ ᠡᠪᠡᠳᠴᠢᠨ ᠢ᠋ ᠨᠢ ᠨᠠᠷᠢᠨ ᠲᠣᠳᠣᠷᠬᠠᠢ ᠲᠣᠳᠣᠯᠠᠵᠤ ᠠᠮᠵᠢᠭᠰᠠᠨ ᠦᠭᠡᠢ᠃ ᠤᠯᠠᠭᠠᠨ ᠨᠢᠯᠬ᠎ᠠ ᠪᠠᠷ ᠨᠢ ᠠᠯᠳᠠᠭᠰᠠᠨ ᠪᠣᠯᠬᠣᠷ ᠲᠡᠭᠦᠨ ᠢ᠋ ᠠᠩᠬᠠᠷᠬᠤ ᠬᠥᠮᠦᠨ ᠴᠤ᠌ ᠳᠡᠮᠡᠢ ᠪᠠᠢᠭᠰᠠᠨ ᠦᠭᠡᠢ᠃ ᠬᠠᠷᠢᠨ ᠦᠵᠡᠰᠬᠦᠯᠡᠩ ᠯᠡ ᠠᠯᠳᠠᠭᠰᠠᠨ ᠬᠡᠦᠬᠡᠳ ᠦ᠋ᠨ ᠢ᠋ᠶ᠋ᠡᠨ ᠬᠣᠢᠨ᠎ᠠ ᠠ᠋ᠴᠠ ᠤᠬᠢᠯᠠᠵᠤ ᠤᠨᠵᠢᠭᠠᠳ ᠰᠦᠢᠳ ᠪᠣᠯᠤᠭᠰᠠᠨ᠃
— ᠲᠡᠷᠡ ᠦᠬᠦᠭᠰᠡᠨ ᠬᠡᠦᠬᠡᠳ ᠦ᠋ᠨ ᠲᠥᠯᠥᠪ ᠰᠢᠨᠵᠢ ᠲᠠᠨ ᠤ᠋ ᠴᠡᠭᠡᠵᠢᠨ ᠳ᠋ᠦ᠍ ᠲᠣᠳᠣᠷᠬᠠᠢ ᠪᠠᠢᠨ᠎ᠠ ᠤᠤ?
— ᠲᠣᠳᠣᠷᠬᠠᠢ ᠭᠡᠵᠦ ᠬᠡᠯᠡᠬᠦ ᠶ᠋ᠢᠨ ᠠᠷᠭ᠎ᠠ ᠦᠭᠡᠢ᠃ ᠴᠡᠭᠡᠵᠢᠯᠡᠵᠦ ᠪᠠᠢᠬᠤ ᠪᠠᠷ ᠲᠡᠷᠡ ᠤᠯᠠᠭᠠᠨ ᠨᠢᠯᠬ᠎ᠠ ᠶ᠋ᠢᠨ ᠠᠮᠠ ᠨᠢ ᠵᠠᠭᠤᠷᠠᠵᠤ ᠴᠢᠷᠠᠢ ᠨᠢ ᠬᠥᠬᠡᠷᠡᠵᠦ ᠬᠠᠷᠠᠯᠠᠭᠠᠳ ᠨᠢᠭᠡ ᠯᠡ ᠠᠶᠤᠮᠠᠷ ᠪᠠᠢᠭᠰᠠᠨ ᠳᠠ᠃
— ᠦᠵᠡᠰᠬᠦᠯᠡᠩ ᠬᠡᠦᠬᠡᠳ ᠢ᠋ᠶ᠋ᠡᠨ ᠡᠮᠨᠡᠭᠦᠯᠦᠭᠰᠡᠨ ᠦᠭᠡᠢ ᠤᠤ?
— ᠳᠡᠮᠡᠢ ᠣᠯᠢᠭ ᠲᠠᠢ ᠡᠮᠨᠡᠭᠦᠯᠵᠦ ᠵᠠᠪᠳᠤᠭᠰᠠᠨ ᠦᠭᠡᠢ᠃ ᠲᠡᠷᠡ ᠦᠶᠡᠰ ᠲᠦ᠍ ᠡᠮᠨᠡᠯᠭᠡ ᠶ᠋ᠢᠨ ᠬᠣᠷᠢᠶᠠᠨ ᠳ᠋ᠤ᠌ ᠬᠣᠪᠢᠨ ᠳᠤ ᠪᠠᠨ ᠨᠢᠯᠬ᠎ᠠ ᠬᠡᠦᠬᠡᠳ ᠦ᠋ᠨ ᠭᠡᠷ ᠲᠡᠢ ᠪᠠᠢᠭᠰᠠᠨ᠃ ᠳᠣᠯᠣᠭ᠎ᠠ ᠬᠣᠨᠣᠭ ᠤ᠋ᠨ ᠳᠣᠲᠣᠷ᠎ᠠ ᠬᠡᠦᠬᠡᠳ ᠢ᠋ ᠡᠬᠡ ᠳ᠋ᠦ᠍ᠨᠢ ᠨᠢᠭᠡ ᠯᠡ ᠤᠳᠠᠭ᠎ᠠ ᠦᠵᠡᠭᠦᠯᠳᠡᠭ᠃ ᠠᠩᠬ᠎ᠠ ᠡᠳᠦᠷ ᠦ᠋ᠨ ᠬᠢᠨᠢ ᠦᠳᠡ ᠳ᠋ᠦ᠍ ᠲᠡᠷᠡ ᠬᠡᠦᠬᠡᠳ ᠪᠠᠬᠠᠨ ᠬᠠᠯᠠᠭᠤᠷᠠᠭᠰᠠᠨ ᠳ᠋ᠤ᠌᠂ ᠦᠵᠡᠰᠬᠦᠯᠡᠩ ᠥᠪᠡᠷ ᠢ᠋ᠶ᠋ᠡᠨ ᠡᠮ ᠤᠤᠭᠤᠯᠭᠠᠭᠰᠠᠨ ᠶᠤᠮ᠃ ᠲᠡᠭᠡᠭᠡᠳ ᠲᠤᠰᠠ ᠪᠣᠯᠤᠭᠰᠠᠨ ᠦᠭᠡᠢ᠃ ᠣᠷᠣᠢ ᠪᠣᠯᠬᠤ ᠳ᠋ᠤ᠌ ᠡᠪᠡᠳᠴᠢᠨ ᠨᠢ ᠬᠦᠨᠳᠦᠷᠡᠭᠰᠡᠨ ᠳ᠋ᠦ᠍ ᠳᠥᠩᠭᠡᠵᠦ ᠰᠠᠷ᠎ᠠ ᠳ᠋ᠤ᠌ ᠰᠠᠭᠤᠭᠰᠠᠨ ᠦᠵᠡᠰᠬᠦᠯᠡᠩ ᠦ᠋ᠨ ᠡᠷᠡᠭᠦᠯ ᠮᠡᠨᠳᠦ ᠳ᠋ᠦ᠍ ᠨᠥᠯᠥᠭᠡ ᠪᠣᠯᠬᠤ ᠠ᠋ᠴᠠ ᠪᠣᠯᠭᠣᠮᠵᠢᠯᠠᠨ ᠬᠡᠯᠡᠭᠰᠡᠨ ᠦᠭᠡᠢ᠃ ᠪᠣᠯᠤᠷᠴᠠᠭᠠᠨ ᠳ᠋ᠤ᠌ ᠤᠷᠢᠳᠠᠪᠡᠷ ᠮᠡᠳᠡᠭᠳᠡᠭᠰᠡᠨ ᠳ᠋ᠦ᠍ ᠢᠩᠭᠢᠵᠦ ᠴᠢᠩᠭᠢᠵᠦ ᠪᠠᠢᠲᠠᠯ᠎ᠠ ᠬᠥᠭᠡᠷᠦᠬᠦᠢ ᠨᠢᠯᠬ᠎ᠠ ᠠᠮᠢᠰᠬᠤᠯ ᠬᠤᠷᠢᠶᠠᠴᠢᠬᠠᠯᠠ᠃ ᠰᠡᠭᠦᠯᠡᠷ ᠨᠢ ᠦᠵᠡᠰᠬᠦᠯᠡᠩ ᠵᠠᠪᠠᠯ ᠦᠵᠡᠨ᠎ᠡ ᠭᠡᠳ ᠪᠠᠢᠬᠤᠯᠠᠷ ᠠᠷᠭ᠎ᠠ ᠪᠤᠰᠤ ᠬᠡᠭᠦᠷ ᠢ᠋ ᠨᠢ ᠬᠠᠯᠲᠤ ᠮᠥᠯᠲᠥ ᠦᠵᠡᠭᠦᠯᠪᠡ᠃
— ᠰᠣᠨᠣᠰᠬᠤ ᠳ᠋ᠤ᠌ ᠦᠵᠡᠰᠬᠦᠯᠡᠩ ᠲᠡᠢ ᠣᠢᠷᠠᠯᠴᠠᠭ᠎ᠠ ᠪᠠᠰᠠ ᠨᠢᠭᠡ ᠡᠬᠡᠨᠡᠷ ᠬᠥᠩᠭᠡᠵᠢᠭᠡᠳ ᠪᠠᠰᠠ ᠯᠠ ᠬᠡᠦᠬᠡᠳ ᠢ᠋ᠶ᠋ᠡᠨ ᠠᠯᠳᠠᠴᠢᠬᠠᠯ᠎ᠠ ᠭᠡᠳᠡᠭ ᠨᠢ ᠦᠨᠡᠨ ᠤᠤ?
— ᠦᠨᠡᠨ᠂ ᠬᠣᠶᠠᠷ ᠬᠡᠦᠬᠡᠳ ᠣᠢᠷᠠᠯᠴᠠᠭ᠎ᠠ ᠭᠠᠷᠤᠭᠠᠳ ᠡᠳᠦᠷ ᠳᠠᠷᠠᠭᠠᠯᠠᠨ ᠠᠯᠳᠠᠭᠰᠠᠨ ᠨᠢ ᠰᠠᠨᠠᠭᠠᠨ ᠳ᠋ᠤ᠌ ᠪᠠᠢᠨ᠎ᠠ᠃
— ᠲᠤᠬᠠᠢ ᠶ᠋ᠢᠨ ᠦᠶ᠎ᠡ ᠳ᠋ᠦ᠍ ᠲᠠ ᠲᠡᠷᠡ ᠬᠡᠦᠬᠡᠳ ᠦ᠋ᠨ ᠦᠬᠦᠳᠡᠯ ᠢ᠋ ᠣᠯᠵᠤ ᠦᠵᠡᠭᠰᠡᠨ ᠤᠤ?
— ᠣᠯᠵᠤ ᠦᠵᠡᠭᠰᠡᠨ᠃ ᠲᠡᠷᠡ ᠦᠶ᠎ᠡ ᠳ᠋ᠦ᠍ ᠪᠢ ᠦᠵᠡᠰᠬᠦᠯᠡᠩ ᠢ᠋ ᠰᠤᠪᠢᠯᠠᠳᠠᠭ ᠪᠠᠢᠭᠰᠠᠨ᠃ ᠬᠣᠶᠠᠷ ᠬᠡᠦᠬᠡᠳ ᠦ᠋ᠨ ᠦᠬᠦᠳᠡᠯ ᠦ᠋ᠨ ᠬᠢᠨᠢ ᠰᠢᠨᠵᠢ ᠲᠥᠯᠥᠪ ᠡᠭᠡᠭᠡ ᠯᠡ ᠠᠳᠠᠯᠢᠬᠠᠨ ᠪᠠᠢᠭᠰᠠᠨ ᠰᠢᠭ᠋᠃
— ᠲᠠ ᠦᠵᠡᠰᠬᠦᠯᠡᠩ ᠲᠡᠢ ᠬᠠᠮᠲᠤ ᠬᠥᠩᠭᠡᠵᠢᠭᠰᠡᠨ ᠲᠡᠷᠡ ᠡᠬᠡᠨᠡᠷ ᠲᠡᠢ ᠲᠠᠨᠢᠯᠴᠠᠨ᠎ᠠ ᠤᠤ?
— ᠲᠡᠢᠮᠦ ᠰᠠᠢᠨ ᠲᠠᠨᠢᠯᠴᠠᠬᠤ ᠦᠭᠡᠢ ᠪᠠᠢᠭᠰᠠᠨ᠃
— ᠣᠳᠣ ᠦᠵᠡᠪᠡᠯ ᠲᠠᠨᠢᠨ᠎ᠠ ᠤᠤ?
— ᠣᠯᠵᠤ ᠦᠵᠡᠭᠰᠡᠨ ᠦᠭᠡᠢ ᠠᠷᠪᠠᠨ ᠬᠡᠳᠦᠨ ᠵᠢᠯ ᠪᠣᠯᠵᠠᠢ᠃ ᠭᠡᠪᠡᠴᠦ ᠦᠵᠡᠪᠡᠯ ᠲᠠᠨᠢᠬᠤ ᠴᠤ᠌ ᠮᠠᠭᠠᠳ ᠦᠭᠡᠢ᠃
ᠲᠦᠪᠰᠢᠨ ᠭᠤᠸᠠᠢ ᠡᠨᠳᠡ ᠬᠦᠷᠲᠡᠯ᠎ᠡ ᠶᠠᠷᠢᠯᠴᠠᠭᠠᠳ ᠦᠭᠡ ᠪᠡᠨ ᠲᠦᠷ ᠵᠠᠪᠰᠠᠷᠯᠠᠵᠤ᠂ ᠨᠢᠭᠡ ᠭᠣᠳᠣᠯᠢ ᠲᠠᠮᠠᠬᠢ ᠨᠣᠴᠣᠭᠠᠵᠤ ᠠᠪᠤᠭᠠᠳ ᠳᠤᠭᠤᠢ ᠰᠠᠭᠤᠴᠢᠬᠠᠯ᠎ᠠ᠃ ᠲᠦᠪᠰᠢᠨ ᠭᠤᠸᠠᠢ ᠢᠩᠭᠢᠵᠦ ᠲᠦᠷ ᠵᠠᠭᠤᠷ᠎ᠠ ᠴᠢᠮᠡᠭᠡ ᠦᠭᠡᠢ ᠪᠠᠢᠭᠰᠠᠨ ᠢ᠋ᠶ᠋ᠠᠨ ᠸᠠᠩ ᠯᠠᠨ ᠬᠤᠸᠠ ᠶ᠋ᠢ ᠡᠭᠴᠡᠯᠡᠨ ᠰᠢᠷᠲᠡᠭᠰᠡᠭᠡᠷ᠄
— ᠸᠠᠩ ᠡᠮᠴᠢ ᠠ᠋᠂ ᠨᠢᠭᠡ ᠶᠠᠪᠤᠳᠠᠯ ᠢ᠋ ᠲᠠᠨ ᠠ᠋ᠴᠠ ᠰᠢᠯᠤᠭᠤᠨ ᠰᠢᠭᠤᠷᠬᠠᠢ ᠠᠰᠠᠭᠤᠬᠤ ᠬᠡᠷᠡᠭᠲᠡᠢ ᠪᠠᠢᠨ᠎ᠠ᠃ ᠦᠵᠡᠰᠬᠦᠯᠡᠩ ᠬᠣᠣᠷᠯᠠᠭᠳᠠᠬᠤ ᠠ᠋ᠴᠠ ᠪᠠᠨ ᠡᠮᠦᠨᠡᠬᠢ ᠨᠢᠭᠡ ᠴᠠᠭ ᠤ᠋ᠨ ᠨᠠᠭᠠᠭᠤᠷ ᠴᠠᠭᠠᠭᠤᠷ ᠴᠢᠮ᠎ᠠ ᠲᠠᠢ ᠪᠣᠯᠤᠷᠴᠠᠭᠠᠨ ᠤ᠋ ᠲᠤᠬᠠᠢ ᠶᠠᠷᠢᠯᠴᠠᠭᠰᠠᠨ ᠤᠤ?
— ᠦᠵᠡᠰᠬᠦᠯᠡᠩ ᠪᠣᠯᠤᠷᠴᠠᠭᠠᠨ ᠳ᠋ᠤ᠌ ᠰᠦᠷᠡᠬᠡᠢ ᠴᠣᠬᠢᠭᠳᠠᠵᠤ ᠰᠢᠷᠬᠠᠳᠤᠭᠰᠠᠨ ᠪᠣᠯᠬᠣᠷ ᠡᠷ᠎ᠡ ᠶ᠋ᠢᠨ ᠢ᠋ᠶ᠋ᠡᠨ ᠲᠤᠬᠠᠢ ᠠᠮᠠᠯᠠᠬᠤ ᠠ᠋ᠴᠠ ᠳᠤᠷ᠎ᠠ ᠦᠭᠡᠢ ᠬᠦᠷᠴᠦ ᠪᠠᠢᠭᠰᠠᠨ᠃
— ᠲᠠᠨ ᠤ᠋ ᠬᠣᠶᠠᠭᠤᠯᠠ ᠪᠣᠯᠤᠷᠴᠠᠭᠠᠨ ᠤ᠋ ᠠᠪᠤ ᠶ᠋ᠢᠨ ᠬᠢᠨᠢ ᠲᠤᠬᠠᠢ ᠶᠠᠷᠢᠯᠴᠠᠬᠤ ᠳ᠋ᠤ᠌ ᠪᠣᠯᠤᠷᠴᠠᠭᠠᠨ ᠢ᠋ ᠬᠡᠯᠡᠯᠴᠡᠭᠰᠡᠨ ᠦᠭᠡᠢ ᠤᠤ?
— ᠦᠭᠡᠢ᠂ ᠪᠢᠳᠡ ᠶᠡᠷᠦ ᠪᠣᠯᠤᠷᠴᠠᠭᠠᠨ ᠤ᠋ ᠲᠤᠬᠠᠢ ᠬᠡᠯᠡᠯᠴᠡᠰᠡᠨ ᠦᠭᠡᠢ᠃
— ᠲᠠ ᠬᠣᠶᠠᠭᠤᠯᠠ ᠯᠠᠪᠲᠠᠢ ᠬᠡᠯᠡᠯᠴᠡᠭᠰᠡᠨ᠃ ᠲᠡᠭᠡᠬᠦ ᠮᠥᠷᠲᠡᠭᠡᠨ ᠲᠠ ᠪᠣᠯᠤᠷᠴᠠᠭᠠᠨ ᠢ᠋ ᠮᠠᠭᠤᠯᠠᠬᠤ ᠳ᠋ᠤ᠌ ᠦᠵᠡᠰᠬᠦᠯᠡᠩ ᠬᠠᠷᠢᠨ ᠡᠷ᠎ᠡ ᠶᠢ ᠪᠡᠨ ᠥᠮᠥᠭᠯᠡᠵᠦ ᠪᠠᠢᠭᠰᠠᠨ᠃
— ᠲᠠ᠁ ᠶᠠᠭᠠᠬᠢᠭᠠᠳ᠁
— ᠲᠡᠭᠡᠭᠡᠳ ᠲᠠ ᠣᠢᠯᠭᠠᠬᠤ ᠦᠭᠡᠢ ᠶᠡᠬᠡ ᠭᠠᠢᠬᠠᠭᠰᠠᠨ ᠢ᠋ᠶ᠋ᠠᠨ ᠪᠠᠰᠠ ᠠᠷᠭ᠎ᠠ ᠪᠤᠰᠤ ᠦᠵᠡᠰᠬᠦᠯᠡᠩ ᠦ᠋ᠨ ᠠᠶ᠎ᠠ ᠶ᠋ᠢ ᠳᠠᠭᠠᠵᠤ ᠪᠣᠯᠤᠷᠴᠠᠭᠠᠨ ᠤ᠋ ᠠᠪᠤ ᠳ᠋ᠤ᠌ ᠵᠣᠭᠣᠰ ᠭᠤᠪᠢᠭᠤᠯᠤᠭᠰᠠᠨ᠃ ᠲᠡᠢᠮᠦ ᠪᠢᠵᠡ?
— ᠠᠶ᠎ᠠ᠁ᠲᠠ ᠴᠢᠨᠢ᠁
— ᠲᠡᠭᠡᠭᠡᠳ ᠵᠣᠭᠣᠰ ᠠᠪᠤᠭᠠᠳ ᠡᠭᠦᠳᠡ ᠪᠡᠷ ᠭᠠᠷᠬᠤ ᠦᠶ᠎ᠡ ᠳ᠋ᠦ᠍᠂ ᠡᠰᠡᠬᠦᠯ᠎ᠡ ᠡᠭᠦᠳᠡ ᠪᠡᠷ ᠭᠠᠷᠤᠭᠰᠠᠨ ᠤ᠋ ᠳᠠᠷᠠᠭ᠎ᠠ᠂ ᠰᠠᠨᠠᠭᠠᠨ ᠠ᠋ᠴᠠ ᠭᠠᠳᠠᠭᠤᠷ ᠨᠢᠭᠡᠨ ᠶᠠᠪᠤᠳᠠᠯ ᠲᠣᠬᠢᠶᠠᠯᠳᠤᠭᠰᠠᠨ᠃ ᠡᠨᠡ ᠶᠠᠪᠤᠳᠠᠯ ᠰᠡᠳᠬᠢᠯ ᠰᠠᠨᠠᠭ᠎ᠠ ᠶ᠋ᠢ ᠴᠢᠨᠢ ᠶᠡᠬᠡ ᠰᠠᠮᠠᠭᠤᠷᠠᠭᠤᠯᠵᠤ᠂ ᠴᠢ ᠤᠬᠠᠭᠠᠨ ᠬᠥᠯ ᠢ᠋ᠶ᠋ᠡᠨ ᠠᠯᠳᠠᠬᠤ ᠳᠡᠭᠡᠷ᠎ᠡ ᠬᠦᠷᠦᠭᠰᠡᠨ᠃ ᠲᠡᠢᠮᠦ ᠪᠢᠰᠢ ᠤᠤ?
— ᠦᠭᠡᠢ᠂ ᠡᠢᠮᠦ ᠤᠴᠢᠷ᠁
— ᠲᠠ ᠨᠢᠭᠤᠵᠤ ᠬᠠᠪᠴᠢᠭᠰᠠᠨ ᠤ᠋ ᠬᠡᠷᠡᠭ ᠦᠭᠡᠢ᠂ ᠢᠩᠭᠢᠭᠡᠳ ᠲᠠ ᠪᠠᠷᠤᠭ ᠯᠠ ᠭᠦᠶᠦᠬᠦ ᠶ᠋ᠢᠨ ᠨᠠᠭᠠᠲᠠᠢ ᠴᠠᠭᠠᠲᠠᠢ ᠶᠠᠪᠤᠵᠤ ᠰᠢᠤᠳᠠᠨ ᠲᠣᠪᠴᠢᠶᠠᠨ ᠳ᠋ᠤ᠌ ᠬᠦᠷᠦᠭᠰᠡᠨ᠃
— ᠪᠢ ᠰᠢᠤᠳᠠᠨ ᠲᠣᠪᠴᠢᠶ᠎ᠠ ᠶ᠋ᠢ ᠡᠭᠦᠳᠡ ᠪᠡᠨ ᠬᠠᠭᠠᠬᠤ ᠠ᠋ᠴᠠ ᠡᠮᠦᠨ᠎ᠡ ᠵᠠᠪᠳᠤᠵᠤ ᠬᠦᠷᠦᠨ᠎ᠡ ᠭᠡᠳ ᠶᠠᠭᠠᠷᠠᠤ ᠶᠠᠪᠤᠭᠰᠠᠨ ᠶᠤᠮ᠃
— ᠰᠢᠤᠳᠠᠨ ᠲᠣᠪᠴᠢᠶ᠎ᠠ ᠡᠳᠦᠷ ᠪᠦᠷᠢ ᠨᠠᠢ᠍ᠮᠠᠨ ᠴᠠᠭ ᠲᠤ᠌ ᠡᠭᠦᠳᠡ ᠪᠡᠨ ᠬᠠᠭᠠᠳᠠᠭ᠃ ᠡᠭᠦᠨ ᠢ᠋ ᠲᠠ ᠮᠠᠰᠢ ᠲᠣᠳᠣᠷᠬᠠᠢ ᠮᠡᠳᠡᠨ᠎ᠡ᠃ ᠲᠡᠷᠡ ᠡᠳᠦᠷ ᠴᠢᠮ᠎ᠠ ᠶᠢ ᠣᠴᠢᠬᠤ ᠳ᠋ᠤ᠌ ᠰᠠᠶᠢ ᠲᠠᠪᠤᠨ ᠴᠠᠭ ᠥᠩᠭᠡᠷᠡᠵᠦ ᠪᠠᠢᠭᠰᠠᠨ᠃
— ᠡᠳᠡᠭᠡᠷ ᠢ᠋ ᠲᠠ ᠴᠣᠬᠣᠮ ᠁
— ᠲᠠ ᠪᠠᠰᠠ ᠲᠦᠷᠭᠡᠨ ᠴᠠᠬᠢᠯᠭᠠᠨ ᠳ᠋ᠠᠬᠢ ᠦᠰᠦᠭ ᠪᠢᠴᠢᠭ ᠢ᠋ᠶ᠋ᠡᠨ ᠲᠠᠩᠳᠠ ᠪᠤᠷᠤᠭᠤ ᠪᠢᠴᠢᠵᠦ ᠣᠷᠬᠢᠭᠰᠠᠨ᠃ ᠡᠨᠡ ᠴᠢᠨᠢ ᠲᠤᠬᠠᠢ ᠶ᠋ᠢᠨ ᠦᠶ᠎ᠡ ᠳ᠋ᠦ᠍ ᠲᠠᠨ ᠤ᠋ ᠰᠡᠳᠬᠢᠯ ᠰᠠᠨᠠᠭ᠎ᠠ ᠰᠦᠷᠡᠬᠡᠢ ᠪᠠᠴᠢᠮᠳᠠᠨ ᠰᠠᠨᠳᠤᠷᠴᠤ ᠪᠠᠢᠭᠰᠠᠨ ᠢ᠋ ᠬᠠᠷᠠᠭᠤᠯᠵᠤ ᠪᠠᠢᠨ᠎ᠠ᠃
— ᠪᠢ ᠣᠢᠯᠠᠭᠠᠬᠤ ᠪᠠᠨ ᠪᠠᠢᠴᠢᠬᠠᠯᠠ᠃ ᠲᠠ ᠨᠠᠳᠠ ᠶ᠋ᠢ ᠴᠣᠬᠣᠮ ᠶᠠᠮᠠᠷ ᠶᠠᠪᠤᠳᠠᠯ ᠳᠡᠭᠡᠷ᠎ᠡ ᠰᠡᠵᠢᠭᠯᠡᠭᠡᠳ ᠮᠢᠨᠦ ᠦᠭᠡ ᠶᠠᠷᠢᠶ᠎ᠠ᠂ ᠦᠢᠯᠡ ᠠᠵᠢᠯᠯᠠᠭ᠎ᠠ ᠶ᠋ᠢ ᠢᠩᠭᠢᠵᠦ ᠨᠠᠷᠢᠨ ᠪᠠᠢᠴᠠᠭᠠᠭᠰᠠᠨ ᠪᠣᠢ? ᠣᠳᠣ ᠡᠳᠡᠭᠡᠷ ᠢ᠋ ᠨᠠᠳᠠ ᠲᠤᠯᠭᠠᠭᠠᠳ ᠳᠠᠬᠢᠨ ᠳᠠᠪᠲᠠᠨ ᠠᠰᠠᠭᠤᠭᠠᠳ ᠪᠠᠢᠬᠤ ᠶ᠋ᠢᠨ ᠤᠴᠢᠷ ᠨᠢ ᠶᠠᠭᠤ ᠪᠣᠢ?
— ᠤᠴᠢᠷ ᠨᠢ ᠪᠣᠯ ᠳᠠᠷᠤᠢ ᠲᠤᠬᠠᠢ ᠶ᠋ᠢᠨ ᠦᠶ᠎ᠡ ᠶ᠋ᠢᠨ ᠪᠠᠢᠳᠠᠯ ᠢ᠋ ᠦᠨᠡᠨ ᠢ᠋ᠶ᠋ᠡᠷ ᠨᠢ ᠣᠢᠯᠠᠭᠠᠬᠤ ᠰᠠᠨᠠᠭᠠᠲᠠᠢ᠃ ᠪᠢ ᠪᠣᠳᠣᠪᠠᠯ ᠲᠠ ᠬᠠᠰᠢ ᠯᠠ ᠡᠷᠲᠡᠬᠡᠨ ᠰᠢᠭ ᠪᠢᠳᠡᠨ ᠳ᠋ᠦ᠍ ᠲᠣᠳᠣᠷᠬᠠᠢ ᠶᠠᠷᠢᠭᠠᠳ ᠥᠭᠪᠡᠯ ᠳᠡᠭᠡᠷ᠎ᠡ᠃
— ᠲᠠ ᠨᠠᠷ ᠨᠢᠭᠡᠨᠲᠡ ᠪᠦᠷ ᠨᠠᠷᠢᠨ ᠪᠠᠢᠴᠠᠭᠠᠭᠠᠳ ᠣᠢᠯᠠᠭᠠᠭᠰᠠᠨ ᠪᠠᠢᠨ᠎ᠠ ᠰᠢᠲᠠ᠃ ᠦᠵᠡᠰᠬᠦᠯᠡᠩ ᠭᠡᠭᠴᠢ ᠪᠠᠰᠠ ᠬᠥᠭᠡᠷᠦᠬᠦᠢ ᠠᠮᠢᠲᠠᠨ᠃ ᠡᠷ᠎ᠡ ᠳᠦ ᠪᠡᠨ ᠴᠣᠬᠢᠭᠳᠠᠭᠠᠳ ᠬᠥᠯ ᠢ᠋ᠶ᠋ᠡᠨ ᠬᠤᠭᠤᠯᠤᠭᠤᠯᠤᠭᠰᠠᠨ ᠦᠶ᠎ᠡ ᠳ᠋ᠦ᠍᠂ ᠪᠠᠰᠠ ᠨᠠᠮ᠎ᠠ ᠶᠢ ᠭᠤᠶᠤᠨ ᠬᠠᠳᠠᠮ ᠡᠴᠢᠭᠡ ᠳᠦ ᠪᠡᠨ ᠪᠣᠯᠤᠷᠴᠠᠭᠠᠨ ᠤ᠋ ᠨᠡᠷ᠎ᠡ ᠪᠡᠷ ᠵᠣᠭᠣᠰ ᠭᠤᠪᠢᠭᠤᠯᠬᠤ ᠭᠡᠪᠡ᠃ ᠪᠢ ᠠᠩᠬᠠᠨ ᠳᠤ ᠪᠠᠨ ᠵᠥᠪᠰᠢᠶᠡᠷᠡᠬᠦ ᠦᠭᠡᠢ ᠪᠠᠢᠭᠰᠠᠨ ᠪᠣᠯᠪᠠᠴᠤ ᠲᠡᠷᠡ ᠭᠤᠶᠤᠭᠠᠳ ᠪᠠᠢᠬᠤᠯᠠᠷ ᠨᠢᠭᠤᠷ ᠳᠠᠭᠠᠭᠠᠵᠤ ᠴᠢᠳᠠᠭᠰᠠᠨ ᠦᠭᠡᠢ ᠭᠤᠪᠢᠭᠤᠯᠵᠤ ᠥᠭᠬᠦ ᠪᠡᠷ ᠪᠣᠯᠪᠠ᠃ ᠲᠡᠭᠡᠬᠦ ᠳᠦ ᠪᠡᠨ ᠲᠡᠷᠡ ᠪᠠᠰᠠ ᠪᠣᠯᠤᠷᠴᠠᠭᠠᠨ ᠤ᠋ ᠠᠪᠤ ᠳ᠋ᠤ᠌ ᠵᠡᠭᠢᠳᠡᠯ ᠪᠢᠴᠢᠵᠦ ᠲᠦᠮᠡᠨᠨᠠᠰᠤᠲᠤ ᠬᠣᠲᠠ ᠳ᠋ᠤ᠌ ᠪᠢᠲᠡᠭᠡᠢ ᠢᠷ᠎ᠡ ᠭᠡᠵᠦ ᠬᠡᠯᠡᠬᠦ ᠶ᠋ᠢ ᠳᠠᠬᠢᠨ ᠳᠠᠬᠢᠨ ᠵᠠᠬᠢᠭᠰᠠᠨ ᠶᠤᠮ᠃ ᠪᠢ ᠪᠦᠷ ᠲᠡᠭᠦᠨ ᠦ᠌ ᠬᠡᠯᠡᠭᠰᠡᠨ ᠢ᠋ᠶ᠋ᠡᠷ ᠬᠢᠭᠰᠡᠨ ᠲᠡᠳᠦᠢ᠃ ᠭᠡᠲᠡᠯ᠎ᠡ ᠲᠠ ᠨᠠᠷ ᠨᠠᠳᠠ ᠢᠩᠭᠢᠵᠦ ᠣᠯᠠᠨ ᠶᠠᠭᠤᠮ᠎ᠠ ᠲᠤᠯᠭᠠᠭᠠᠳ ᠪᠠᠢᠬᠤ ᠨᠢ ᠴᠣᠬᠣᠮ ᠶᠠᠮᠠᠷ ᠤᠬᠠᠭᠠᠨ ᠲᠠᠢ ᠶᠤᠮ?
— ᠸᠠᠩ ᠡᠮᠴᠢ ᠠ᠋᠂ ᠲᠠ ᠪᠢᠳᠡᠨ ᠢ᠋ ᠪᠤᠷᠤᠭᠤ ᠣᠢᠯᠠᠭᠠᠵᠤ ᠪᠠᠢᠬᠤ ᠮᠠᠭᠠᠳ ᠦᠭᠡᠢ᠃ ᠥᠨᠥᠳᠥᠷ ᠮᠠᠨ ᠤ᠋ ᠭᠣᠣᠯ ᠣᠢᠯᠠᠭᠠᠬᠤ ᠶᠠᠭᠤᠮ᠎ᠠ ᠪᠣᠯ ᠲᠠᠨ ᠢ᠋ ᠦᠵᠡᠰᠬᠦᠯᠡᠩ ᠦ᠋ᠨ ᠭᠡᠷ ᠡᠴᠡ ᠭᠠᠷᠬᠤ ᠦᠶ᠎ᠡ ᠳ᠋ᠦ᠍ ᠶᠠᠮᠠᠷ ᠬᠡᠷᠡᠭ ᠲᠣᠬᠢᠶᠠᠯᠳᠤᠭᠰᠠᠨ ᠶᠠᠪᠤᠳᠠᠯ ᠪᠣᠯᠤᠨ᠎ᠠ᠃ ᠲᠠᠨ ᠳ᠋ᠤ᠌ ᠯᠠᠪᠲᠠᠢ ᠲᠣᠬᠢᠶᠠᠯᠳᠤᠭᠰᠠᠨ ᠭᠡᠵᠦ ᠪᠢ ᠪᠠᠲᠤ ᠢᠲᠡᠭᠡᠵᠦ ᠪᠠᠢᠨ᠎ᠠ᠃ ᠮᠢᠨᠦ ᠠᠰᠠᠭᠤᠬᠤ ᠠᠷᠭ᠎ᠠ ᠶ᠋ᠢᠨ ᠲᠠᠯ᠎ᠠ ᠪᠠᠷ ᠲᠠᠨ ᠢ᠋ ᠪᠠᠬᠠᠨ ᠰᠢᠬᠠᠮᠳᠠᠭᠤᠯᠤᠭᠰᠠᠨ ᠭᠠᠵᠠᠷ ᠪᠠᠢᠵᠤ ᠮᠡᠳᠡᠨ᠎ᠡ᠃ ᠡᠭᠦᠨ ᠢ᠋ ᠮᠢᠨᠢ ᠠᠭᠤᠴᠢᠯᠠᠭᠠᠷᠠᠢ᠃ ᠭᠡᠲᠡᠯ᠎ᠡ ᠲᠡᠷᠡ ᠬᠦ᠌ ᠤᠴᠠᠷᠠᠯ ᠢ᠋ᠶ᠋ᠠᠨ ᠨᠠᠳᠠ ᠶᠠᠭᠠᠬᠢᠭᠰᠠᠨ ᠴᠤ᠌ ᠲᠣᠳᠣᠷᠬᠠᠢ ᠶᠠᠷᠢᠵᠤ ᠥᠭᠭᠦᠭᠡᠴᠢ᠃
— ᠁
— ᠵᠠ ᠶᠠᠷᠢ ᠳᠠ᠃ ᠡᠰᠡᠬᠦᠯ᠎ᠡ ᠬᠠᠭᠠᠰ ᠢ᠋ ᠨᠢ ᠴᠤ᠌ ᠪᠣᠯᠤᠨ᠎ᠠ᠃
— ᠁
— ᠲᠠᠨ ᠠ᠋ᠴᠠ ᠵᠥᠪᠬᠡᠨ ᠪᠠᠢᠳᠠᠯ ᠢ᠋ ᠣᠢᠯᠠᠭᠠᠶ᠎ᠠ ᠭᠡᠵᠦ ᠯᠡ ᠪᠠᠢᠨ᠎ᠠ᠃ ᠸᠠᠩ ᠡᠮᠴᠢ ᠠ᠋᠂ ᠮᠠᠨ ᠤ᠋ ᠠᠵᠢᠯ ᠳ᠋ᠤ᠌ ᠬᠠᠪᠰᠤᠷᠤᠯᠭ᠎ᠠ ᠪᠣᠯᠵᠤ ᠶᠠᠷᠢᠵᠤ ᠥᠭᠭᠦᠭᠡᠴᠢ ᠳᠡ᠃
ᠸᠠᠩ ᠯᠠᠨ ᠬᠤᠸᠠ ᠡᠮᠴᠢ᠂ ᠲᠦᠪᠰᠢᠨ ᠦ᠌ ᠳᠠᠬᠢᠨ ᠳᠠᠪᠲᠠᠨ ᠠᠰᠠᠭᠤᠭᠰᠠᠨ ᠠᠰᠠᠭᠤᠯᠲᠠ ᠳ᠋ᠤ᠌ ᠬᠠᠷᠢᠭᠤᠯᠲᠠ ᠥᠭᠭᠦᠭᠰᠡᠨ ᠦᠭᠡᠢ᠃ ᠲᠡᠷᠡ ᠭᠡᠨᠡᠳᠲᠡ ᠪᠣᠰᠴᠤ ᠵᠣᠴᠢᠯᠠᠬᠤ ᠲᠢᠩᠬᠢᠮ ᠦ᠋ᠨ ᠢ᠋ᠶ᠋ᠡᠨ ᠴᠣᠩᠬᠣ ᠶ᠋ᠢ ᠨᠡᠭᠡᠭᠡᠭᠡᠳ ᠭᠠᠳᠠᠭᠰᠢ ᠪᠠᠨ ᠤᠳᠠᠲᠠᠯ᠎ᠠ ᠬᠠᠷᠠᠯ᠎ᠠ᠃ ᠡᠨᠡ ᠨᠢ ᠲᠡᠭᠦᠨ ᠦ᠌ ᠰᠡᠳᠬᠢᠯ ᠳᠣᠲᠣᠷ᠎ᠠ ᠨᠢ ᠰᠦᠷᠡᠬᠡᠢ ᠳᠠᠪᠠᠯᠭᠠᠨ ᠡᠭᠦᠰᠴᠦ ᠪᠠᠢᠬᠤ ᠶ᠋ᠢ ᠬᠠᠷᠠᠭᠤᠯᠵᠤ ᠪᠠᠢᠯ᠎ᠠ᠃ ᠲᠡᠭᠡᠭᠡᠳ ᠲᠡᠷᠡ ᠠᠭᠠᠵᠢᠮ ᠭᠡᠭᠴᠢ ᠪᠡᠶ᠎ᠡ ᠡᠷᠭᠢᠨ᠄
— ᠲᠠᠨ ᠳ᠋ᠤ᠌ ᠪᠤᠷᠤᠭᠤᠳᠤᠯᠠ᠃ ᠲᠢᠩᠬᠢᠮ ᠦ᠋ᠨ ᠳᠠᠷᠤᠭ᠎ᠠ ᠠ᠋᠂ ᠣᠳᠣᠬᠠᠨ ᠳ᠋ᠤ᠌ ᠮᠢᠨᠦ ᠰᠡᠳᠬᠢᠯ ᠳᠠᠩᠴᠤ ᠡᠷᠦᠢ ᠬᠤᠷᠤᠢ ᠦᠭᠡᠢ ᠪᠠᠢᠨ᠎ᠠ᠃ ᠮᠠᠷᠭᠠᠰᠢ ᠲᠠᠨ ᠲᠠᠢ ᠶᠠᠷᠢᠯᠴᠠᠶ᠎ᠠ᠂ ᠪᠣᠯᠤᠨ᠎ᠠ ᠤᠤ? ᠭᠡᠪᠡ᠃
— ᠦ᠂ ᠪᠣᠯᠤᠨ᠎ᠠ᠂ ᠪᠣᠯᠤᠨ᠎ᠠ᠃ ᠲᠡᠭᠡᠪᠡᠯ ᠮᠠᠷᠭᠠᠰᠢ ᠲᠠᠨ ᠲᠠᠢ ᠶᠠᠷᠢᠯᠴᠠᠶ᠎ᠠ᠃ ᠲᠠᠨ ᠢ᠋ ᠵᠣᠪᠠᠭᠠᠯ᠎ᠠ ᠭᠡᠳ ᠲᠦᠪᠰᠢᠨ ᠰᠠᠯᠬᠤ ᠶᠣᠰᠣ ᠭᠦᠢᠴᠡᠳᠬᠡᠯ᠎ᠡ᠃
ᠲᠡᠷᠡ ᠬᠣᠶᠠᠭᠤᠯᠠ ᠡᠨᠡ ᠠᠵᠢᠯ ᠠ᠋ᠴᠠ ᠭᠠᠷᠤᠭᠠᠳ ᠵᠡᠭᠡᠯᠢ ᠶ᠋ᠢᠨ ᠭᠣᠣᠯ ᠳ᠋ᠤ᠌ ᠬᠦᠷᠬᠦ ᠳ᠋ᠦ᠍ ᠬᠥᠬᠡᠲᠤᠯᠢ ᠲᠦᠪᠰᠢᠨ ᠡᠴᠡ᠄
— ᠸᠠᠩ ᠯᠠᠨ ᠬᠤᠸᠠ ᠪᠣᠯᠤᠷᠴᠠᠭᠠᠨ ᠤ᠋ ᠠᠪᠤ ᠳ᠋ᠤ᠌ ᠵᠣᠭᠣᠰ ᠭᠤᠪᠢᠭᠤᠯᠤᠭᠰᠠᠨ ᠢ᠋ ᠲᠠ ᠶᠠᠭᠠᠬᠢᠵᠤ ᠮᠡᠳᠡᠭᠰᠡᠨ ᠪᠣᠢ?
— ᠲᠠᠪᠤᠨ ᠴᠠᠭ ᠬᠠᠭᠠᠰ ᠤ᠋ᠨ ᠦᠶ᠎ᠡ ᠳ᠋ᠦ᠍ ᠲᠡᠭᠦᠨ ᠡᠴᠡ ᠥᠭᠡᠷ᠎ᠡ ᠬᠥᠮᠦᠨ ᠵᠣᠭᠣᠰ ᠭᠤᠪᠢᠭᠤᠯᠬᠤ ᠪᠣᠯᠤᠯᠴᠠᠭ᠎ᠠ ᠦᠭᠡᠢ᠃ ᠲᠡᠷᠡᠴᠢᠯᠡᠨ ᠲᠤᠬᠠᠢ ᠶ᠋ᠢᠨ ᠦᠶ᠎ᠡ ᠳ᠋ᠦ᠍ ᠦᠵᠡᠰᠬᠦᠯᠡᠩ ᠭᠠᠭᠴᠠ ᠸᠠᠩ ᠯᠠᠨ ᠬᠤᠸᠠ ᠶ᠋ᠢ ᠢᠲᠡᠭᠡᠵᠦ ᠮᠢᠩᠭᠠᠨ ᠲᠥᠭᠥᠷᠢᠭ ᠥᠭᠴᠦ ᠭᠤᠪᠢᠭᠤᠯᠤᠭᠰᠠᠨ ᠪᠠᠢᠬᠤ ᠶᠣᠰᠣᠲᠠᠢ᠃
— ᠲᠠ ᠲᠡᠷᠡ ᠬᠣᠶᠠᠭᠤᠯᠠ ᠶ᠋ᠢᠨ ᠬᠡᠯᠡᠯᠴᠡᠭᠰᠡᠨ ᠦᠭᠡ ᠶ᠋ᠢ ᠶᠠᠭᠠᠬᠢᠵᠤ ᠮᠡᠳᠡᠭᠰᠡᠨ ᠪᠣᠢ?
— ᠡᠨᠡ ᠶᠡᠬᠡ ᠢᠯᠡᠬᠡᠨ ᠬᠡᠷᠡᠭ ᠰᠢᠳᠡ᠃ ᠦᠵᠡᠰᠬᠦᠯᠡᠩ᠂ ᠪᠣᠯᠤᠷᠴᠠᠭᠠᠨ ᠤ᠋ ᠠᠪᠤ ᠳ᠋ᠤ᠌ ᠵᠣᠭᠣᠰ ᠭᠤᠪᠢᠭᠤᠯᠬᠤ ᠭᠡᠬᠦ ᠳ᠋ᠦ᠍ ᠸᠠᠩ ᠯᠠᠨ ᠬᠤᠸᠠ ᠯᠠᠪ ᠪᠣᠯᠤᠷᠴᠠᠭᠠᠨ ᠢ᠋ ᠮᠠᠭᠤᠯᠠᠬᠤ ᠶᠤᠮ᠃ ᠬᠡᠷᠪᠡ ᠦᠵᠡᠰᠬᠦᠯᠡᠩ ᠲᠡᠭᠦᠨ ᠳ᠋ᠦ᠍ ᠡᠷ᠎ᠡ ᠨᠥᠬᠥᠷ ᠢ᠋ᠶ᠋ᠡᠨ ᠥᠮᠥᠭᠯᠡᠨ ᠭᠡᠷ ᠪᠦᠯᠢ ᠶ᠋ᠢᠨ ᠶᠠᠪᠤᠳᠠᠯ ᠢ᠋ᠶ᠋ᠠᠨ ᠨᠠᠷᠢᠨ ᠲᠣᠳᠣᠷᠬᠠᠢ ᠬᠡᠯᠡᠬᠦ ᠦᠭᠡᠢ ᠪᠣᠯ ᠲᠡᠷᠡ ᠯᠠᠪᠲᠠᠢ ᠲᠡᠭᠦᠨ ᠢ᠋ ᠣᠷᠣᠯᠠᠨ ᠵᠣᠭᠣᠰ ᠭᠤᠪᠢᠭᠤᠯᠬᠤ ᠪᠠ ᠵᠠᠬᠢᠳᠠᠯ ᠪᠢᠴᠢᠬᠦ ᠦᠭᠡᠢ ᠶᠦᠮ᠃
— ᠲᠡᠭᠡᠪᠡᠯ ᠸᠠᠩ ᠯᠠᠨ ᠬᠤᠸᠠ ᠪᠠᠰᠠ ᠰᠠᠨᠠᠭᠠᠨ ᠠ᠋ᠴᠠ ᠭᠠᠳᠠᠨᠠᠬᠢ ᠶᠠᠮᠠᠷ ᠨᠢᠭᠡᠨ ᠣᠨᠴᠠᠭᠠᠢ ᠬᠡᠷᠡᠭ ᠲᠦ᠍ ᠤᠴᠠᠷᠠᠭᠰᠠᠨ ᠭᠡᠵᠦ ᠤᠤ?
— ᠤᠴᠠᠷᠠᠭᠰᠠᠨ ᠪᠠᠢᠬᠤ ᠶᠣᠰᠣᠲᠠᠢ᠃ ᠦᠵᠡᠰᠬᠦᠯᠡᠩ ᠦ᠋ᠨ ᠡᠰᠡᠷᠭᠦ ᠭᠡᠷ ᠦ᠋ᠨ ᠡᠮᠡᠭᠲᠡᠢ ᠡᠴᠡ ᠣᠢᠯᠠᠭᠠᠭᠰᠠᠨ ᠢ᠋ᠶ᠋ᠠᠷ ᠲᠡᠷᠡ ᠡᠳᠦᠷ ᠦ᠋ᠨ ᠲᠠᠪᠤᠨ ᠴᠠᠭ ᠤ᠋ᠨ ᠦᠶ᠎ᠡ ᠪᠡᠷ ᠨᠢᠭᠡ ᠲᠠᠷᠭᠤᠨ ᠡᠬᠡᠨᠡᠷ ᠦᠵᠡᠰᠬᠦᠯᠡᠩ ᠦ᠋ᠨ ᠭᠡᠷ ᠡᠴᠡ ᠬᠥᠨᠳᠡᠢᠬᠡᠨ ᠭᠠᠷᠴᠤ ᠢᠷᠡᠭᠡᠳ᠂ ᠰᠡᠮᠡᠬᠡᠷ ᠰᠡᠮᠡᠬᠡᠷ ᠬᠡᠳᠦ ᠠᠯᠬᠤᠭᠰᠠᠨ ᠢ᠋ᠶ᠋ᠠᠨ ᠵᠣᠭᠬᠢᠨ ᠵᠣᠭᠰᠣᠵᠤ ᠪᠤᠴᠠᠵᠤ ᠣᠴᠢᠭᠠᠳ ᠡᠭᠦᠳᠡ ᠶ᠋ᠢ ᠨᠢ ᠴᠢᠮᠡᠭᠡ ᠦᠭᠡᠢᠬᠡᠨ ᠵᠠᠪᠰᠠᠷᠯᠠᠨ ᠳᠣᠲᠣᠭᠰᠢ ᠨᠡᠯᠢᠶᠡᠳ ᠬᠠᠷᠠᠵᠤ ᠬᠠᠷᠠᠭᠠᠳ ᠶᠠᠪᠤᠭᠰᠠᠨ ᠢ᠋ ᠲᠡᠷᠡ ᠡᠮᠡᠭᠲᠡᠢ ᠴᠣᠩᠬᠣ ᠪᠠᠷ ᠢ᠋ᠶ᠋ᠠᠨ ᠣᠯᠵᠤ ᠦᠵᠡᠵᠡᠢ᠃ ᠬᠡᠷᠪᠡ ᠰᠠᠨᠠᠭᠠᠨ ᠠ᠋ᠴᠠ ᠭᠠᠳᠠᠨᠠᠬᠢ ᠠᠨᠢᠷ ᠰᠡᠵᠢᠭ ᠠᠪᠤᠭᠰᠠᠨ ᠦᠭᠡᠢ ᠪᠣᠯ ᠲᠡᠷᠡ ᠭᠡᠷ ᠡᠴᠡ ᠭᠠᠷᠴᠤ ᠢᠷᠡᠮᠡᠭᠴᠡ ᠳᠠᠬᠢᠭᠠᠳ ᠶᠠᠭᠤᠨ ᠳ᠋ᠤ᠌ ᠲᠡᠭᠡᠵᠦ ᠡᠭᠦᠳᠡ ᠵᠠᠪᠰᠠᠷᠯᠠᠨ ᠳᠣᠲᠣᠭᠰᠢ ᠠᠵᠢᠭᠯᠠᠨ ᠱᠠᠭᠠᠢᠬᠤ ᠪᠣᠢ? ᠸᠠᠩ ᠯᠠᠨ ᠬᠤᠸᠠ ᠲᠡᠭᠡᠭᠡᠳ ᠦᠵᠡᠰᠬᠦᠯᠡᠩ ᠦ᠋ᠨ ᠭᠡᠷ ᠡᠴᠡ ᠰᠢᠤᠳᠠᠨ ᠲᠣᠪᠴᠢᠶ᠎ᠠ ᠬᠦᠷᠲᠡᠯ᠎ᠡ ᠮᠠᠰᠢ ᠶᠠᠭᠠᠷᠠᠤ ᠰᠠᠨᠳᠤᠷᠤᠤ ᠶᠠᠪᠤᠵᠤ ᠪᠠᠢᠭᠰᠠᠨ ᠢ᠋ ᠬᠥᠮᠦᠰ ᠣᠯᠵᠤ ᠦᠵᠡᠵᠡᠢ᠃ ᠲᠦᠷᠭᠡᠨ ᠴᠠᠬᠢᠯᠭᠠᠨ ᠪᠢᠴᠢᠭᠰᠡᠨ ᠦᠰᠦᠭ ᠦ᠋ᠳ ᠡᠴᠡ ᠴᠤ᠌ ᠪᠠᠰᠠ ᠪᠠᠷᠤᠭᠯᠠᠵᠤ ᠪᠣᠯᠤᠨ᠎ᠠ᠃ ᠡᠭᠦᠨ ᠢ᠋ᠶ᠋ᠡᠷ ᠪᠠᠷᠠᠬᠤ ᠦᠭᠡᠢ ᠴᠠᠭ ᠤ᠋ᠨ ᠲᠠᠯ᠎ᠠ ᠪᠠᠷ ᠰᠢᠬᠠᠭᠰᠠᠨ ᠴᠤ᠌ ᠲᠡᠷᠡ ᠣᠨᠴᠠᠭᠠᠢ ᠨᠢᠭᠡᠨ ᠬᠡᠷᠡᠭ ᠲᠦ᠍ ᠲᠣᠬᠢᠶᠠᠯᠳᠤᠬᠤ ᠪᠣᠯᠤᠯᠴᠠᠭ᠎ᠠ ᠲᠠᠢ ᠶᠤᠮ᠃
— ᠲᠡᠢᠮᠦ ᠪᠣᠯ ᠦᠵᠡᠰᠬᠦᠯᠡᠩ ᠦ᠋ᠨ ᠬᠣᠣᠷᠯᠠᠭᠳᠠᠭᠰᠠᠨ ᠨᠢ ᠸᠠᠩ ᠯᠠᠨ ᠬᠤᠸᠠ ᠲᠠᠢ ᠬᠣᠯᠪᠣᠭᠳᠠᠯ ᠲᠠᠢ ᠭᠡᠵᠢ ᠤᠤ?
— ᠦᠭᠡᠢ᠂ ᠬᠣᠯᠪᠣᠭᠳᠠᠯ ᠦᠭᠡᠢ᠃
— ᠲᠡᠭᠡᠭᠡᠳ? ᠭᠡᠵᠦ ᠬᠥᠬᠡᠲᠤᠯᠢ ᠶ᠋ᠢ ᠤᠬᠤᠴᠢᠯᠠᠨ ᠠᠰᠠᠭᠤᠬᠤ ᠳ᠋ᠤ᠌᠂ ᠲᠦᠪᠰᠢᠨ ᠭᠤᠸᠠᠢ ᠤᠴᠢᠷᠲᠠᠢᠬᠠᠨ ᠨᠢᠭᠡᠨ ᠢᠨᠢᠶᠡᠵᠦ ᠠᠪᠤᠭᠠᠳ᠄
— ᠢᠨᠠᠭᠯᠠᠵᠤ ᠪᠠᠢᠭ᠎ᠠ ᠬᠡᠦᠬᠡᠨ ᠴᠢᠨᠢ ᠴᠢᠮ᠎ᠠ ᠶᠢ ᠬᠦᠯᠢᠶᠡᠨ ᠶᠠᠳᠠᠵᠤ ᠪᠠᠢᠬᠤ ᠳᠠ᠂ ᠮᠢᠨᠦ ᠮᠠᠭᠤ ᠡᠮᠡᠭᠡᠨ ᠴᠤ᠌ ᠨᠠᠮ᠎ᠠ ᠶᠢ ᠬᠠᠷᠠᠵᠤ ᠪᠣᠢ᠂ ᠣᠳᠣ ᠬᠣᠶᠠᠭᠤᠯᠠ ᠵᠠᠮ ᠰᠠᠯᠤᠶ᠎ᠠ ᠭᠡᠳ ᠭᠡᠷ ᠤᠷᠤᠭᠤ ᠪᠠᠨ ᠠᠯᠬᠤᠵᠠᠢ᠃
ᠤᠩᠰᠢᠭ᠌ᠰᠠᠨ ᠨᠢ᠄ ᠴᠡᠴᠡᠭᠮ᠎ᠡ
