ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ ᠶᠢᠰᠦ> Хялгасан дөрөөн дээр – Хасвулаг зохиов <19> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ ᠶᠢᠰᠦ> Хялгасан дөрөөн дээр – Хасвулаг зохиов <19>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠ ᠶᠢᠰᠦ> Хялгасан дөрөөн дээр – Хасвулаг зохиов <19>

ᠠᠩᠭᠢᠯᠠᠯ:ᠲᠤᠭᠤᠵᠢ ᠷᠣᠮᠠᠨ
2026-01-28

199

ᠬᠢᠯᠭᠠᠰᠤᠨ ᠳᠥᠷᠥᠭᠡᠨ ᠳᠡᠭᠡᠷ᠎ᠡ - <ᠠᠷᠪᠠ ᠶᠢᠰᠦ>


                   ᠠᠷᠪᠠ ᠶᠢᠰᠦ  

       《ᠲᠡᠮᠡᠭᠡᠨ ᠪᠦᠭᠦᠳᠤ ᠠᠭᠤᠯᠠᠨ》 ᠳ᠋ᠠᠬᠢ ᠬᠥᠳᠡᠯᠮᠦᠷᠢ ᠪᠡᠷ ᠥᠭᠡᠷᠡᠴᠢᠯᠡᠬᠦ ᠲᠠᠯᠠᠪᠠᠢ ᠠ᠋ᠴᠠ ᠪᠤᠴᠠᠬᠤ ᠵᠠᠮ ᠳᠤ ᠪᠠᠨ ᠲᠦᠪᠰᠢᠨ ᠭᠤᠸᠠᠢ ᠨᠢᠭᠡ ᠦᠭᠡ ᠴᠦ᠍ ᠳᠤᠤᠭᠠᠷᠤᠭᠰᠠᠨ ᠦᠭᠡᠢ᠃  ᠬᠠᠷᠠᠬᠤᠯ᠎ᠠ ᠵᠥᠭᠡᠯᠡᠨ ᠰᠠᠭᠤᠳᠠᠯ ᠳᠡᠭᠡᠷ᠎ᠡ ᠪᠡᠨ ᠮᠢᠳᠠᠢᠨ ᠰᠠᠭᠤᠭᠠᠳ ᠨᠢᠳᠦ ᠪᠡᠨ ᠠᠨᠢᠨ ᠨᠣᠢᠷᠮᠤᠭᠯᠠᠵᠤ ᠪᠠᠢᠬᠤ ᠰᠢᠭ᠋ ᠪᠠᠢᠯ᠎ᠠ᠃  ᠲᠡᠷᠡ ᠪᠣᠯ ᠢᠩᠭᠢᠵᠦ ᠭᠦᠨ ᠪᠣᠳᠣᠯ ᠳ᠋ᠤ᠌ ᠰᠢᠭᠢᠳᠦᠭᠰᠡᠨ ᠦᠶ᠎ᠡ ᠳᠦ ᠪᠡᠨ ᠴᠢᠬᠢ ᠶ᠋ᠢ ᠨᠢ ᠮᠤᠰᠬᠢᠭᠰᠠᠨ ᠴᠦ᠍ ᠪᠠᠷᠤᠭᠲᠠᠢ ᠳ᠋ᠤ᠌ ᠮᠡᠳᠡᠳᠡᠭ ᠦᠭᠡᠢ ᠬᠥᠮᠦᠨ ᠪᠢᠯᠡ᠃ ᠲᠡᠷᠭᠡᠨ ᠦ᠌ ᠳᠣᠩᠰᠣᠯᠤᠯᠲᠠ ᠰᠠᠵᠢᠯᠠᠯᠲᠠ ᠲᠡᠭᠦᠨ ᠦ᠌ ᠪᠣᠳᠣᠯ ᠢ᠋ ᠥᠴᠦᠬᠡᠨ ᠴᠦ᠍ ᠨᠥᠯᠥᠭᠡᠯᠡᠵᠦ ᠦᠭᠡᠢ ᠪᠣᠯᠤᠯᠲᠠᠢ᠃  ᠲᠡᠷᠡ ᠶᠠᠮᠠᠷ ᠨᠢᠭᠡᠨ ᠪᠤᠳᠤᠯᠢᠶᠠᠨᠲᠤ ᠬᠡᠷᠡᠭ ᠢ᠋ ᠴᠠᠭᠠᠷᠠᠭᠤᠯᠬᠤ ᠶᠠᠪᠤᠴᠠ ᠳᠤ ᠪᠠᠨ ᠵᠠᠪᠠᠯ ᠡᠢᠮᠦ ᠨᠢᠭᠡᠨ ᠪᠣᠳᠣᠯᠭᠠᠰᠢᠷᠠᠯ ᠢ᠋ ᠥᠩᠭᠡᠷᠡᠭᠡᠳᠡᠭ ᠭᠡᠵᠦ ᠲᠡᠭᠦᠨ ᠲᠡᠢ ᠤᠳᠠᠭᠠᠨ ᠵᠢᠯ ᠬᠠᠮᠲᠤ ᠠᠵᠢᠯᠯᠠᠵᠤ ᠥᠩᠭᠡᠷᠡᠭᠰᠡᠨ ᠤᠯᠤᠰ ᠬᠡᠯᠡᠯᠴᠡᠳᠡᠭ ᠶᠦᠮ᠃  
       ᠵᠠᠷᠢᠮ ᠬᠡᠷᠡᠭ ᠳᠡᠭᠡᠷ᠎ᠡ ᠣᠯᠠᠨ ᠳᠠᠬᠢᠨ ᠡᠢᠮᠦ ᠭᠦᠨ ᠪᠣᠳᠣᠯ ᠳ᠋ᠤ᠌ ᠣᠷᠣᠳᠠᠭ᠃  
       ᠲᠡᠷᠡᠴᠢᠯᠡᠨ ᠨᠢᠭᠡ ᠤᠳᠠᠭᠠᠨ ᠤ᠋ ᠭᠦᠨ ᠪᠣᠳᠣᠯᠭᠠᠰᠢᠷᠠᠯ ᠢ᠋ ᠥᠩᠭᠡᠷᠡᠭᠡᠪᠡᠯ ᠵᠠᠪᠠᠯ ᠶᠠᠮᠠᠷ ᠨᠢᠭᠡᠨ ᠬᠡᠷᠡᠭ ᠦ᠋ᠨ ᠵᠠᠩᠭᠢᠯᠠᠭ᠎ᠠ ᠶ᠋ᠢ ᠢᠯᠡᠷᠡᠭᠦᠯᠬᠦ ᠪᠤᠶᠤ ᠡᠭᠡᠳᠡᠷᠡᠭᠡᠨ ᠡᠷᠡᠭᠡᠯᠵᠡᠭᠡ ᠲᠡᠢ ᠠᠰᠠᠭᠤᠳᠠᠯ ᠢ᠋ ᠰᠢᠢᠳᠪᠦᠷᠢᠯᠡᠭᠡᠳ ᠪᠠᠢᠳᠠᠭ ᠠᠵᠢ᠃ ᠲᠦᠪᠰᠢᠨ ᠦ᠌ ᠪᠣᠳᠣᠯᠭᠠᠰᠢᠷᠠᠯ ᠨᠢ ᠬᠥᠮᠦᠨ ᠡᠴᠡ ᠣᠨᠳᠣᠣ ᠪᠠᠢᠳᠠᠭ᠃ ᠲᠡᠷᠡ ᠶᠡᠷᠦ ᠡᠴᠡ ᠪᠡᠨ ᠨᠠᠮᠵᠢᠭᠤᠬᠠᠨ ᠣᠷᠴᠢᠨ ᠲᠣᠭᠣᠷᠢᠨ ᠢ᠋ ᠬᠦᠰᠡᠳᠡᠭ ᠦᠭᠡᠢ᠃  ᠲᠡᠷᠡ ᠬᠥᠮᠦᠰ ᠦ᠋ᠨ ᠦᠭᠡ ᠶᠠᠷᠢᠵᠤ᠂ ᠠᠰᠠᠭᠤᠯᠲᠠ ᠲᠠᠯᠪᠢᠬᠤ ᠪᠤᠶᠤ ᠳᠡᠷᠭᠡᠳᠡ ᠨᠢ ᠦᠢᠮᠡᠵᠦ ᠱᠤᠤᠭᠢᠬᠤ ᠳ᠋ᠤ᠌ ᠳᠤᠷ᠎ᠠ ᠦᠭᠡᠢᠴᠡᠳᠡᠭ ᠦᠭᠡᠢ᠃ ᠵᠥᠪᠬᠡᠨ ᠬᠥᠮᠦᠨ ᠦ᠌ ᠠᠰᠠᠭᠤᠯᠲᠠ ᠳ᠋ᠤ᠌ ᠬᠠᠷᠢᠭᠤ ᠳᠤᠤᠭᠠᠷᠬᠤ ᠨᠢ ᠴᠥᠭᠡᠨ ᠪᠣᠯᠳᠠᠭ᠃ 
       ᠲᠡᠳᠡ ᠰᠢᠭᠦᠬᠦ ᠬᠣᠷᠢᠶᠠᠨ ᠳᠤ ᠪᠠᠨ ᠪᠤᠴᠠᠵᠤ ᠢᠷᠡᠬᠦ ᠳ᠋ᠦ᠍ ᠨᠢᠭᠡᠨᠲᠡ ᠪᠠᠭ᠎ᠠ ᠦᠳᠡ ᠪᠣᠯᠵᠠᠢ᠃  
       ᠠᠯᠪᠠᠨ ᠭᠡᠷ ᠲᠦ ᠪᠡᠨ ᠣᠷᠣᠭᠰᠠᠨ ᠤ᠋ ᠬᠣᠢᠨ᠎ᠠ ᠬᠥᠬᠡᠳᠤᠯᠢ᠄ 
       — ᠪᠣᠯᠤᠷᠴᠠᠭᠠᠨ ᠢ᠋ ᠪᠠᠷᠢᠭᠳᠠᠭᠰᠠᠨ ᠤ᠋ ᠳᠠᠷᠠᠭ᠎ᠠ ᠥᠷᠯᠥᠭᠡ ᠲᠡᠭᠦᠨ ᠲᠡᠢ ᠠᠭᠤᠯᠵᠠᠭᠰᠠᠨ ᠲᠡᠷᠡ ᠡᠮᠡᠭᠲᠡᠢ ᠶ᠋ᠢᠨ ᠶᠠᠩᠵᠤ ᠪᠠᠢᠳᠠᠯ ᠳᠦᠷᠢ ᠲᠥᠷᠬᠦ ᠡᠴᠡ ᠦᠵᠡᠬᠦ ᠳ᠋ᠦ᠍ ᠡᠦ ᠹᠧᠩ ᠮᠧᠢ ᠪᠠᠢᠵᠤ ᠮᠡᠳᠡᠨ᠎ᠡ ᠭᠡᠵᠦ ᠦᠭᠡ ᠡᠭᠦᠰᠬᠡᠪᠡ᠃ 
       — ᠲᠡᠷᠡ ᠯᠠᠪᠲᠠᠢ᠃ 
       — ᠲᠡᠷᠡ ᠲᠡᠢᠮᠦ ᠥᠷᠯᠥᠭᠡ ᠡᠷᠲᠡ ᠪᠣᠯᠤᠷᠴᠠᠭᠠᠨ ᠲᠠᠢ ᠠᠭᠤᠯᠵᠠᠭᠰᠠᠨ ᠨᠢ ᠴᠣᠬᠣᠮ ᠶᠠᠭᠠᠬᠢᠬᠤ ᠰᠠᠨᠠᠭ᠎ᠠ ᠲᠠᠢ ᠪᠠᠢᠭᠰᠠᠨ ᠪᠣᠯ? ᠡᠨᠡ ᠬᠦ᠌ ᠬᠥᠮᠦᠨ ᠠᠯᠠᠭᠰᠠᠨ ᠠᠰᠠᠭᠤᠳᠠᠯ ᠳᠡᠭᠡᠷ᠎ᠡ ᠲᠡᠳᠡ ᠨᠡᠢᠯᠡᠵᠦ ᠶᠠᠯ᠎ᠠ ᠬᠢᠭᠰᠡᠨ ᠪᠣᠯᠤᠯᠴᠠᠭ᠎ᠠ ᠦᠭᠡᠢ ᠪᠣᠯ ᠬᠤᠪᠢ ᠪᠡᠶ᠎ᠡ ᠳ᠋ᠦ᠍ᠨᠢ ᠥᠴᠦᠬᠡᠨ ᠴᠦ᠍ ᠠᠰᠢᠭ ᠦᠭᠡᠢ ᠴᠠᠭ ᠮᠥᠴᠡ ᠳ᠋ᠦ᠍ ᠲᠡᠷᠡ ᠶᠠᠭᠤ ᠭᠡᠵᠦ ᠬᠣᠷᠢᠭᠤᠯ ᠤ᠋ᠨ ᠭᠠᠵᠠᠷ ᠲᠤ᠌ ᠣᠴᠢᠬᠤ ᠪᠣᠢ? 
       — ᠦᠷᠭᠦᠯᠵᠢᠯᠡᠨ ᠶᠠᠷᠢᠭᠠᠷᠠᠢ᠃ 
       — ᠲᠡᠷᠡᠴᠢᠯᠡᠨ ᠡᠦ ᠹᠧᠩ ᠮᠧᠢ ᠲᠡᠢ ᠠᠭᠤᠯᠵᠠᠭᠰᠠᠨ ᠤ᠋ ᠳᠠᠷᠠᠭᠠᠬᠢ ᠪᠣᠯᠤᠷᠴᠠᠭᠠᠨ ᠤ᠋ ᠣᠨᠴᠠᠭᠠᠢ ᠢᠯᠡᠷᠡᠯ ᠪᠠ ᠰᠡᠭᠦᠯᠡᠷ ᠨᠢ ᠡᠦ ᠹᠧᠩ ᠮᠧᠢ ᠶ᠋ᠢ ᠲᠠᠨᠢᠬᠤ ᠦᠭᠡᠢ ᠪᠡᠷ ᠣᠪᠯᠠᠭᠰᠠᠨ ᠨᠢ ᠳᠣᠲᠣᠭᠠᠳᠤ ᠰᠡᠳᠬᠢᠯᠭᠡ ᠶ᠋ᠢᠨ ᠬᠢᠨᠢ ᠭᠦᠨ ᠳ᠋ᠦ᠍ᠨᠢ ᠨᠢᠭᠡ ᠵᠦᠢᠯ ᠦ᠋ᠨ ᠨᠢᠭᠤᠴᠠ ᠵᠣᠷᠢᠯᠭ᠎ᠠ ᠲᠠᠢ ᠪᠠᠢᠬᠤ ᠶ᠋ᠢ ᠬᠠᠷᠠᠭᠤᠯᠵᠤ ᠪᠠᠢᠬᠤ ᠪᠢᠰᠢ ᠤᠤ?  ᠤᠤᠯ ᠠ᠋ᠴᠠ ᠪᠠᠨ ᠪᠣᠯᠤᠷᠴᠠᠭᠠᠨ ᠤ᠋ ᠬᠥᠮᠦᠨ ᠠᠯᠠᠭᠰᠠᠨ ᠵᠣᠷᠢᠯᠭ᠎ᠠ ᠨᠢ ᠲᠣᠳᠣᠷᠬᠠᠢ ᠦᠭᠡᠢ᠃  ᠁ᠥᠪᠡᠷ ᠢ᠋ᠶ᠋ᠡᠨ ᠲᠤᠰᠢᠶᠠᠭᠰᠠᠨ ᠬᠥᠮᠦᠨ ᠠᠯᠠᠭᠰᠠᠨ ᠰᠢᠯᠲᠠᠭᠠᠨ ᠨᠢ ᠬᠥᠮᠦᠰ ᠢ᠋ ᠢᠲᠡᠭᠡᠭᠦᠯᠬᠦ ᠬᠦᠴᠦᠨ ᠢ᠋ᠶ᠋ᠡᠷ ᠭᠦᠢᠴᠡᠳ ᠦᠭᠡᠢ᠃  ᠁ ᠬᠣᠣᠷᠲᠤ ᠡᠮ ᠢ᠋ᠶ᠋ᠡᠷ ᠠᠯᠠᠭᠰᠠᠨ ᠢ᠋ᠶ᠋ᠠᠨ ᠨᠢᠭᠤᠯ ᠦᠭᠡᠢ ᠥᠴᠢᠭᠯᠡᠬᠦ ᠶ᠋ᠢ ᠨᠢ ᠪᠢ ᠣᠯᠠᠨ ᠤᠳᠠᠭ᠎ᠠ ᠰᠡᠵᠢᠭᠯᠡᠵᠦ ᠥᠩᠭᠡᠷᠡᠭᠰᠡᠨ᠃  ᠁ ᠣᠳᠣ ᠪᠣᠳᠣᠬᠤ ᠳ᠋ᠤ᠌ ᠪᠣᠯᠤᠷᠴᠠᠭᠠᠨ᠂ ᠡᠦ ᠹᠧᠩ ᠮᠧᠢ ᠬᠣᠶᠠᠭᠤᠯᠠ ᠨᠡᠢᠯᠡᠵᠦ ᠦᠵᠡᠰᠬᠦᠯᠡᠩ ᠢ᠋ ᠠᠯᠠᠭᠠᠳ ᠵᠣᠷᠢᠯᠭ᠎ᠠ ᠳᠤ ᠪᠠᠨ ᠬᠦᠷᠬᠦ ᠪᠡᠷ ᠣᠷᠣᠯᠳᠣᠭᠰᠠᠨ ᠪᠠᠢᠵᠤ ᠮᠡᠳᠡᠨ᠎ᠡ᠃ ᠁ 
       — ᠬᠡᠷᠪᠡ ᠲᠡᠳᠡ ᠤᠤᠯ ᠠ᠋ᠴᠠ ᠪᠠᠨ ᠵᠣᠷᠢᠯᠭ᠎ᠠ ᠲᠥᠯᠥᠪᠯᠡᠭᠡ ᠦᠭᠡᠢ ᠪᠣᠯ ᠦᠵᠡᠰᠬᠦᠯᠡᠩ ᠢ᠋ ᠬᠣᠣᠷᠯᠠᠭᠳᠠᠭᠰᠠᠨ ᠤ᠋ ᠳᠠᠷᠠᠭ᠎ᠠ ᠥᠷᠯᠥᠭᠡ ᠡᠦ ᠹᠧᠩ ᠮᠧᠢ ᠶᠠᠭᠤᠨ ᠳ᠋ᠤ᠌ ᠶᠠᠭᠠᠷᠠᠤ ᠰᠠᠨᠳᠤᠷᠤᠤ ᠲᠡᠢᠮᠦ ᠣᠨᠴᠠᠭᠠᠢ ᠣᠷᠴᠢᠨ ᠲᠣᠭᠣᠷᠢᠨ ᠳ᠋ᠤ᠌ ᠣᠴᠢᠵᠤ ᠨᠢᠭᠤᠴᠠ ᠪᠠᠷ ᠶᠠᠷᠢᠯᠴᠠᠭᠰᠠᠨ ᠪᠣᠢ?  ᠁ ᠦᠵᠡᠰᠬᠦᠯᠡᠩ ᠢ᠋ ᠰᠥᠨᠢ ᠠᠯᠠᠭᠳᠠᠭᠰᠠᠨ ᠢ᠋ ᠮᠡᠳᠡᠬᠦ ᠦᠭᠡᠢ ᠪᠣᠯ ᠡ‍ᠤ ᠹᠧᠩ ᠮᠧᠢ ᠶᠠᠭᠠᠬᠢᠭᠠᠳ ᠬᠥᠮᠦᠰ ᠠᠵᠢᠯ ᠳ᠋ᠤ᠌ ᠭᠠᠷᠬᠤ ᠠ᠋ᠴᠠ ᠡᠮᠦᠨ᠎ᠡ ᠲᠡᠢᠮᠦ ᠡᠷᠲᠡ ᠰᠢᠭᠤᠳ ᠬᠣᠷᠢᠭᠤᠯ ᠤ᠋ᠨ ᠭᠠᠵᠠᠷ ᠲᠤ᠌ ᠣᠴᠢᠬᠤ ᠪᠣᠢ?  ᠁ ᠶᠠᠭᠠᠭᠢᠭᠠᠳ ᠲᠡᠷᠡ ᠪᠦᠰᠠᠭᠦᠢ ᠲᠡᠢᠮᠦ ᠡᠷᠲᠡ ᠮᠡᠳᠡᠴᠢᠭᠡᠭᠰᠠᠨ ᠪᠣᠢ᠁  ᠁ᠶᠠᠭᠠᠭᠢᠭᠠᠳ ᠲᠡᠢᠮᠦ ᠬᠢᠯᠪᠠᠷ ᠵᠣᠴᠢᠳ ᠤ᠋ᠨ ᠪᠠᠭᠤᠳᠠᠯ ᠳ᠋ᠤ᠌ ᠣᠷᠣᠭᠰᠠᠨ ᠰᠢᠭ᠋ ᠠᠭᠤᠯᠵᠠᠵᠤ ᠴᠢᠳᠠᠪᠠᠤ᠁ 
       ᠲᠦᠪᠰᠢᠨ ᠡᠨᠳᠡ ᠬᠦᠷᠲᠡᠯ᠎ᠡ ᠰᠣᠨᠣᠰᠤᠭᠠᠳ᠂ ᠪᠢᠴᠢᠭᠡᠴᠢ ᠶ᠋ᠢᠨ ᠢ᠋ᠶ᠋ᠡᠨ ᠨᠢᠭᠡ ᠠᠷᠪᠢᠨ ᠶᠠᠭᠠᠬᠢᠭᠠᠳ ᠲᠤ᠌ ᠰᠤᠴᠢᠬᠰᠠᠨ ᠰᠢᠭ᠋᠂ ᠨᠢᠳᠦᠨ ᠡᠴᠡ ᠪᠡᠨ ᠣᠨᠴᠠ ᠵᠢᠪᠬᠤᠭ᠎ᠠ ᠪᠠᠳᠠᠷᠠᠭᠤᠯᠤᠨ ᠰᠠᠭᠤᠳᠠᠯ ᠠ᠋ᠴᠠ ᠪᠠᠨ ᠱᠠᠯᠠᠪᠬᠠᠨ ᠪᠣᠰᠤᠯ᠎ᠠ᠃  ᠲᠡᠷᠡ ᠶᠠᠮᠠᠷ ᠨᠢᠭᠡᠨ ᠦ ᠰᠦᠪᠡᠭᠴᠢ ᠶ᠋ᠢᠨ ᠲᠤᠬᠠᠢ ᠡᠴᠦᠰ ᠦ᠋ᠨ ᠦᠷ᠎ᠡ ᠳ᠋ᠦᠩ ᠭᠠᠷᠭᠠᠭᠰᠠᠨ ᠪᠣᠯᠤᠯᠲᠠᠢ᠃  ᠬᠡᠳᠦᠢᠪᠡᠷ ᠳᠣᠲᠣᠭᠠᠳᠤ ᠰᠡᠳᠬᠢᠯᠭᠡ ᠶ᠋ᠢᠨ ᠭᠦᠨ ᠳ᠋ᠡᠬᠢ ᠣᠨᠴᠠᠭᠠᠢ ᠳᠣᠭᠳᠣᠯᠤᠯ ᠢ᠋ᠶ᠋ᠠᠨ ᠳᠠᠷᠤᠵᠤ ᠪᠠᠢᠪᠠᠴᠤ ᠰᠣᠷᠭᠣᠭ ᠬᠣᠶᠠᠷ ᠨᠢᠳᠦ ᠨᠢ ᠡᠨᠡ ᠪᠦᠬᠦᠨ ᠢ᠋ ᠢᠯᠡᠷᠡᠭᠦᠯᠵᠦ ᠪᠠᠢᠯ᠎ᠠ᠃ ᠲᠡᠷᠡ ᠠᠯᠪᠠᠨ ᠭᠡᠷ ᠲᠡᠭᠡᠨ ᠨᠠᠭᠠᠰᠢ ᠴᠠᠭᠠᠰᠢ ᠬᠡᠳᠦ ᠠᠯᠬᠤᠯᠠᠭᠰᠠᠨ ᠢ᠋ᠶ᠋ᠠᠨ᠄ 
       — ᠬᠥᠬᠡᠳᠤᠯᠢ ᠠ᠋᠂ ᠬᠤᠷᠳᠤᠨ ᠲᠡᠷᠭᠡ ᠪᠡᠯᠡᠳᠭᠡ᠃ ᠪᠢᠳᠡ ᠣᠳᠣ ᠪᠠᠷ ᠢ᠋ᠶ᠋ᠠᠨ ᠪᠡᠶᠡᠯᠡᠭᠦᠯᠬᠦ ᠴᠢᠬᠤᠯᠠ ᠡᠭᠦᠷᠭᠡ ᠲᠡᠢ ᠭᠡᠪᠡ᠃ 
       ᠪᠠᠭ᠎ᠠ ᠲᠡᠷᠭᠡ ᠬᠣᠲᠠ ᠶ᠋ᠢᠨ ᠪᠠᠷᠠᠭᠤᠨ ᠲᠡᠭᠦᠷᠭᠡ ᠤᠷᠤᠭᠤ ᠬᠠᠯᠢᠨ ᠰᠤᠮᠤᠳᠠᠭᠰᠠᠭᠠᠷ᠃  ᠲᠡᠷᠭᠡᠨ ᠳ᠋ᠦ᠍ ᠭᠠᠷᠤᠭᠰᠠᠨ ᠠ᠋ᠴᠠ ᠬᠣᠢᠰᠢ ᠲᠦᠪᠰᠢᠨ ᠦᠭᠡ ᠳᠤᠤᠭᠠᠷᠤᠭᠰᠠᠨ ᠦᠭᠡᠢ᠃  ᠲᠦᠪᠰᠢᠨ ᠭᠤᠸᠠᠢ ᠲᠡᠷᠭᠡ ᠵᠢᠯᠣᠭᠣᠳᠬᠤ ᠮᠡᠷᠭᠡᠵᠢᠯ ᠳᠦ ᠪᠡᠨ ᠮᠠᠰᠢ ᠭᠠᠷᠮᠠᠭᠠᠢ ᠪᠠᠢᠳᠠᠭ᠃  ᠲᠡᠭᠡᠬᠦ ᠪᠡᠷ ᠢ᠋ᠶ᠋ᠡᠨ ᠲᠡᠷᠡ ᠲᠡᠷᠭᠡ ᠭᠡᠭᠴᠢ ᠶ᠋ᠢ ᠨᠢᠰᠬᠡᠬᠦ ᠶ᠋ᠢᠨ ᠨᠠᠭᠠᠭᠤᠷ ᠴᠠᠭᠠᠭᠤᠷ ᠳᠠᠪᠬᠢᠭᠤᠯᠵᠤ ᠪᠠᠢᠯ᠎ᠠ᠃  
       ᠲᠡᠷᠡ ᠣᠳᠣ ᠪᠣᠯᠲᠠᠯ᠎ᠠ ᠬᠠᠮᠢᠭ᠎ᠠ ᠬᠦᠷᠬᠦ ᠪᠡᠨ ᠳᠡᠷᠭᠡᠳᠡᠬᠢ ᠬᠥᠬᠡᠳᠤᠯᠢ ᠳᠤ ᠪᠠᠨ ᠬᠡᠯᠡᠭᠡ ᠦᠭᠡᠢ᠃  ᠭᠡᠲᠡᠯ᠎ᠡ ᠵᠠᠮ ᠱᠤᠭᠤᠮ ᠠ᠋ᠴᠠ ᠨᠢ ᠡᠦ ᠹᠧᠩ ᠮᠧᠢ ᠶ᠋ᠢᠨ ᠰᠠᠭᠤᠭ᠎ᠠ ᠰᠠᠭᠤᠭᠠᠯᠢ ᠠᠷᠠᠳ ᠤ᠋ᠨ ᠠᠰᠠᠷ ᠲᠤ᠌ ᠬᠦᠷᠬᠦ ᠭᠡᠵᠦ ᠪᠠᠢᠬᠤ ᠶ᠋ᠢ ᠬᠥᠬᠡᠳᠤᠯᠢ ᠴᠦ᠍ ᠣᠰᠣᠯ ᠦᠭᠡᠢ ᠪᠠᠷᠤᠭᠯᠠᠵᠠᠢ᠃  
       ᠠᠷᠪᠠᠭᠠᠳ ᠮᠢᠨᠦ᠋ᠲ ᠦ᠋ᠨ ᠳᠠᠷᠠᠭ᠎ᠠ ᠲᠡᠳᠡᠨ ᠦ᠌ ᠪᠠᠭ᠎ᠠ ᠲᠡᠷᠭᠡ ᠨᠢᠭᠡᠨ ᠠᠰᠠᠷ ᠤ᠋ᠨ ᠳᠡᠷᠭᠡᠳᠡ ᠬᠦᠷᠦᠭᠡᠳ ᠵᠣᠭᠰᠣᠪᠠ᠃  
       ᠲᠦᠪᠰᠢᠨ ᠬᠥᠬᠡᠳᠤᠯᠢ ᠶ᠋ᠢ ᠳᠠᠭᠠᠭᠤᠯᠤᠨ ᠠᠰᠠᠷ ᠤ᠋ᠨ ᠬᠠᠵᠠᠭᠤ ᠳ᠋ᠠᠬᠢ ᠨᠠᠢᠳᠠ ᠶ᠋ᠢᠨ ᠳ᠋ᠢᠶᠠᠩᠬᠤᠸᠠ ᠶ᠋ᠢᠨ ᠭᠡᠷ ᠲᠦ᠍ ᠰᠢᠭᠤᠳ ᠣᠷᠣᠪᠠ᠃  ᠲᠡᠳᠡᠨ ᠢ᠋ ᠭᠡᠷ ᠲᠦ᠍ ᠣᠷᠣᠬᠤ ᠳ᠋ᠤ᠌ ᠳ᠋ᠢᠶᠠᠩᠬᠤᠸᠠ ᠬᠠᠷᠠᠭᠴᠢ ᠪᠣᠯᠤᠯᠲᠠᠢ᠂ ᠨᠢᠭᠤᠷ ᠴᠢᠷᠠᠢ ᠨᠢ ᠦᠷᠴᠢᠢᠨ᠂ ᠨᠢᠳᠦᠨ ᠭᠡᠷᠡᠯ ᠨᠢ ᠪᠠᠭᠤᠷᠠᠭᠰᠠᠨ ᠪᠤᠭᠤᠷᠤᠯ ᠡᠪᠦᠭᠡᠨ ᠲᠣᠭᠣᠰᠬ᠎ᠠ ᠥᠷᠥᠵᠦ᠂ ᠨᠢᠮᠭᠡᠨ ᠬᠠᠪᠲᠠᠰᠤ ᠳᠠᠮᠨᠠᠭᠰᠠᠨ ᠣᠷᠣ ᠳᠡᠭᠡᠷ᠎ᠡ ᠪᠡᠨ ᠳᠡᠭᠡᠭᠰᠢ ᠬᠠᠨᠳᠤᠨ ᠬᠡᠪᠲᠡᠭᠡᠳ ᠵᠡᠭᠦᠷᠮᠡᠭᠯᠡᠵᠦ ᠪᠠᠢᠯ᠎ᠠ᠃  ᠲᠡᠳᠡᠨ ᠦ᠌ ᠬᠥᠯ ᠦ᠋ᠨ ᠴᠢᠮᠡᠭᠡ ᠪᠡᠷ ᠡᠪᠦᠭᠡᠨ ᠭᠤᠸᠠᠢ ᠨᠢᠳᠦ ᠪᠡᠨ ᠦᠯᠦ ᠮᠡᠳᠡᠭᠬᠡᠨ ᠵᠠᠪᠰᠠᠷᠯᠠᠪᠠ᠃  ᠲᠡᠭᠡᠭᠡᠳ ᠠᠯᠭᠤᠷᠬᠠᠨ ᠭᠡᠭᠴᠢ ᠬᠠᠪᠢᠷᠭᠠᠯᠠᠵᠤ ᠡᠨᠡ ᠨᠢ ᠲᠡᠳᠡᠨ ᠳ᠋ᠦ᠍ ᠮᠡᠨᠳᠦᠴᠢᠯᠡᠯ ᠬᠢᠵᠦ ᠪᠠᠢᠭ᠎ᠠ ᠰᠠᠨᠠᠭ᠎ᠠ ᠪᠣᠯᠤᠯᠲᠠᠢ᠃  ᠲᠡᠭᠡᠭᠡᠳ ᠡᠪᠦᠭᠡᠨ ᠭᠤᠸᠠᠢ ᠳᠠᠬᠢᠭᠠᠳ ᠨᠢᠳᠦ ᠪᠡᠨ ᠠᠨᠢᠮᠠᠷ ᠪᠣᠯᠤᠯ᠎ᠠ᠃  
       ᠲᠦᠪᠰᠢᠨ᠂ ᠬᠥᠬᠡᠳᠤᠯᠢ ᠬᠣᠶᠠᠭᠤᠯᠠ ᠡᠪᠦᠭᠡᠨ ᠢ᠋ ᠬᠠᠷᠠᠭᠠᠳ ᠨᠡᠯᠢᠶᠡᠳ ᠮᠡᠯᠡᠷᠡᠵᠦ ᠪᠠᠢᠲᠠᠯ᠎ᠠ ᠡᠪᠦᠭᠡᠨ ᠭᠤᠸᠠᠢ ᠳᠠᠬᠢᠨ ᠨᠢᠳᠦ ᠪᠡᠨ ᠰᠡᠢᠮᠡᠢᠯᠭᠡᠨ ᠲᠡᠳᠡᠨ ᠢ᠋ ᠬᠠᠷᠠᠵᠤ ᠬᠠᠷᠠᠭᠠᠳ᠂ ᠠᠷᠵᠠᠢᠨ ᠬᠠᠲᠠᠭᠤᠷᠠᠭᠰᠠᠨ ᠬᠣᠵᠤᠤᠯ᠎ᠠ ᠰᠢᠭ᠋ ᠭᠠᠷ ᠢ᠋ᠶ᠋ᠠᠨ ᠡᠷᠭᠦᠨ ᠴᠣᠩᠬᠣᠨ ᠳᠡᠷᠭᠡᠳᠡᠬᠢ ᠳ᠋ᠢᠶᠠᠩᠬᠤᠸᠠ ᠪᠠᠨ ᠵᠢᠭᠠᠭᠠᠳ᠄
       — ᠳ᠋ᠢᠶᠠᠩᠬᠤᠸᠠ ᠲᠡᠨᠳᠡ ᠪᠣᠢ᠃  ᠨᠢᠭᠡ ᠤᠳᠠᠭ᠎ᠠ ᠳ᠋ᠤ᠌ ᠭᠤᠷᠪᠠᠨ ᠮᠥᠩᠭᠥ᠂ ᠲᠡᠭᠡᠭᠡᠳ ᠪᠠᠢᠭᠤᠯᠭ᠎ᠠ ᠶ᠋ᠢᠨ ᠢ᠋ᠶ᠋ᠡᠨ ᠨᠡᠷ᠎ᠡ ᠶ᠋ᠢ ᠪᠢᠴᠢᠭᠡᠳ ᠦᠯᠡᠳᠡᠭᠡᠪᠡᠯ ᠪᠣᠯᠴᠢᠬᠠᠨ᠎ᠠ ᠭᠡᠯ᠎ᠡ᠃  
       ᠲᠦᠪᠰᠢᠨ ᠡᠮᠦᠨᠡᠰᠢ ᠣᠴᠢᠨ ᠡᠪᠦᠭᠡᠨ ᠢ᠋ ᠳᠠᠬᠢᠨ ᠨᠢᠳᠦ ᠪᠡᠨ ᠠᠨᠢᠬᠤ ᠠ᠋ᠴᠠ ᠨᠢ ᠡᠮᠦᠨ᠎ᠡ᠄ 
       — ᠪᠢᠳᠡ ᠪᠣᠯ ᠬᠣᠲᠠ ᠶ᠋ᠢᠨ ᠬᠠᠤᠯᠢ ᠶ᠋ᠢᠨ ᠪᠠᠢᠭᠤᠯᠭ᠎ᠠ ᠶ᠋ᠢᠨ ᠠᠵᠢᠯᠲᠠᠳ᠃ ᠲᠠᠨ ᠠ᠋ᠴᠠ ᠠᠰᠠᠭᠤᠵᠤ ᠣᠢᠯᠠᠭᠠᠬᠤ ᠶᠠᠪᠤᠳᠠᠯ ᠤ᠋ᠳ ᠪᠠᠢᠨ᠎ᠠ᠃ ᠲᠠ ᠪᠢᠳᠡᠨ ᠳ᠋ᠦ᠍ ᠬᠡᠯᠡᠵᠦ ᠥᠭᠬᠦ ᠶ᠋ᠢ ᠬᠦᠰᠡᠶ᠎ᠡ ᠭᠡᠯ᠎ᠡ᠃ 
       ᠡᠪᠦᠭᠡᠨ ᠦ᠌ ᠴᠢᠬᠢ ᠮᠠᠰᠢ ᠰᠣᠷᠭᠣᠭ ᠠᠵᠢ᠃ ᠲᠦᠪᠰᠢᠨ ᠦ᠌ ᠳᠣᠣᠷ᠎ᠠ ᠳᠠᠭᠤ ᠪᠠᠷ ᠬᠡᠯᠡᠭᠰᠡᠨ ᠦᠭᠡ ᠶ᠋ᠢ ᠨᠢ ᠲᠠᠬᠢᠵᠤ ᠯᠠᠪᠯᠠᠨ ᠠᠰᠠᠭᠤᠭᠰᠠᠨ ᠦᠭᠡᠢ᠃ ᠵᠦᠳᠡᠭᠦᠬᠡᠨ ᠪᠣᠰᠴᠤ ᠢᠷᠡᠭᠡᠳ ᠬᠠᠪᠲᠠᠰᠤᠨ ᠣᠷᠣ ᠠ᠋ᠴᠠ ᠪᠠᠨ ᠪᠠᠭᠤᠯ᠎ᠠ᠃ ᠲᠦᠪᠰᠢᠨ ᠲᠡᠭᠦᠨ ᠳ᠋ᠦ᠍ ᠨᠢᠭᠡ ᠭᠣᠳᠣᠯᠢ ᠲᠠᠮᠠᠬᠢ ᠭᠠᠷᠳᠠᠭᠤᠯᠤᠨ ᠨᠣᠴᠣᠭᠠᠬᠤ ᠶ᠋ᠢᠨ ᠳᠠᠭᠠᠤ᠄ 
       — ᠨᠠᠰᠤᠲᠠᠨ ᠭᠤᠸᠠᠢ᠂ ᠲᠠᠨ ᠤ᠋ ᠳ᠋ᠢᠶᠠᠩᠬᠤᠸᠠ ᠶ᠋ᠢᠨ ᠭᠡᠷ ᠲᠦ᠍ ᠬᠡᠳᠦᠨ ᠬᠥᠮᠦᠨ ᠵᠢᠵᠢᠭᠦᠷᠯᠡᠳᠡᠭ ᠪᠣᠢ? 
       — ᠪᠢ ᠭᠠᠭᠴᠠᠭᠠᠷ ᠢ᠋ᠶ᠋ᠠᠨ᠃ 
       — ᠭᠠᠭᠴᠠᠭᠠᠷ ᠢ᠋ᠶ᠋ᠠᠨ ᠵᠢᠵᠢᠭᠦᠷᠯᠡᠭᠡᠳ ᠬᠡᠳᠦᠢ ᠤᠳᠠᠭᠰᠠᠨ ᠪᠣᠢ?  
       — ᠵᠢᠯ ᠭᠠᠷᠤᠢ ᠪᠣᠯᠵᠠᠢ᠃ 
       — ᠲᠠ ᠡᠨᠡ ᠠᠰᠠᠷ ᠲᠤ᠌ ᠰᠠᠭᠤᠭ᠎ᠠ ᠤᠯᠤᠰ ᠤ᠋ᠨ ᠣᠯᠠᠩᠬᠢ ᠶ᠋ᠢ ᠨᠢ ᠲᠠᠨᠢᠨ᠎ᠠ ᠤᠤ? 
       — ᠳᠡᠮᠡᠢ ᠣᠯᠠᠨ ᠢ᠋ ᠨᠢ ᠲᠠᠨᠢᠬᠤ ᠦᠭᠡᠢ᠃ 
       — ᠲᠠᠨᠢᠯᠴᠠᠬᠤ ᠦᠭᠡᠢ ᠪᠣᠯ ᠳ᠋ᠢᠶᠠᠩᠬᠤᠸᠠ ᠢᠷᠡᠪᠡᠯ ᠶᠠᠭᠠᠬᠢᠵᠤ ᠳᠠᠭᠤᠳᠠᠳᠠᠭ ᠪᠣᠢ? 
       — ᠳ᠋ᠢᠶᠠᠩᠬᠤᠸᠠ ᠢᠷᠠᠭᠦᠯᠦᠭᠰᠡᠳ ᠳᠠᠭᠤᠳᠠᠬᠤ ᠬᠥᠮᠦᠨ ᠦ᠌ ᠪᠡᠨ ᠣᠪᠣᠭ ᠨᠡᠷ᠎ᠡ ᠭᠡᠷ ᠦ᠋ᠨ ᠳ᠋ᠤᠭᠠᠷ ᠨᠣᠮᠧᠷ ᠢ᠋ ᠬᠡᠯᠡᠳᠡᠭ᠃
       — ᠲᠠ ᠡᠦ ᠹᠧᠩ ᠮᠧᠢ ᠶ᠋ᠢ ᠲᠠᠨᠢᠨ᠎ᠠ ᠤᠤ? 
       — ᠡᠦ ᠹᠧᠩ ᠮᠧᠢ? 
       — ᠬᠣᠶᠠᠳᠤᠭᠠᠷ ᠡᠭᠦᠳᠡᠨ ᠦ᠌ ᠭᠤᠷᠪᠠᠳᠤᠭᠠᠷ ᠠᠰᠠᠷ ᠤ᠋ᠨ ᠨᠠᠢ᠍ᠮᠠᠳᠤᠭᠠᠷ ᠭᠡᠷ ᠲᠦ᠍ ᠰᠠᠭᠤᠭ᠎ᠠ ᠡᠮᠴᠢ ᠶ᠋ᠢᠨ ᠠᠵᠢᠯ ᠲᠠᠢ ᠡᠮᠡᠭᠲᠡᠢ᠃ 
       — ᠥ᠂ ᠲᠡᠷᠡ ᠮᠠᠰᠢ ᠵᠢᠰᠦᠷᠬᠡᠭ ᠲᠥᠷᠥᠭᠰᠡᠨ ᠡᠮᠡᠭᠲᠡᠢ ᠶ᠋ᠢ ᠬᠡᠯᠡᠵᠦ ᠪᠠᠢᠨ᠎ᠠ ᠤᠤ? 
       — ᠤᠤᠬᠠᠢ᠂ ᠶᠠᠭ ᠲᠠᠭᠠᠷᠠᠵᠤ ᠪᠠᠢᠨ᠎ᠠ᠃ ᠲᠡᠭᠦᠨ ᠳ᠋ᠦ᠍ ᠭᠠᠳᠠᠨ᠎ᠠ ᠠ᠋ᠴᠠ ᠦᠷᠭᠦᠯᠵᠢ ᠳ᠋ᠢᠶᠠᠩᠬᠤᠸᠠ ᠢᠷᠡᠳᠡᠭ ᠤᠤ? 
       — ᠦᠭᠡᠢ᠂ ᠦᠭᠡᠢ᠂ ᠡᠨᠳᠡ ᠬᠤᠳᠠᠯᠳᠤᠭ᠎ᠠ ᠶ᠋ᠢᠨ ᠲᠣᠪᠴᠢᠶᠠᠨ ᠤ᠋ ᠯᠢᠦ ᠳᠠᠷᠤᠭ᠎ᠠ ᠶ᠋ᠢ ᠭᠠᠷᠭᠠᠪᠠᠯ ᠪᠤᠰᠤᠳ ᠬᠥᠮᠦᠨ ᠳ᠋ᠦ᠍ ᠳ᠋ᠢᠶᠠᠩᠬᠤᠸᠠ ᠢᠷᠡᠬᠦ ᠨᠢ ᠲᠣᠭ᠎ᠠ ᠲᠠᠢ ᠪᠠᠢᠳᠠᠭ᠃ 
       — ᠬᠡᠳᠦᠨ ᠰᠠᠷ᠎ᠠ ᠶ᠋ᠢᠨ ᠡᠮᠦᠨᠡᠬᠢ ᠨᠢᠭᠡ ᠦᠦᠷ ᠢ᠋ᠶ᠋ᠡᠷ ᠡᠦ ᠹᠧᠩ ᠮᠧᠢ ᠳ᠋ᠦ᠍ ᠳ᠋ᠢᠶᠠᠩᠬᠤᠸᠠ ᠢᠷᠡᠭᠰᠡᠨ ᠳ᠋ᠦ᠍ ᠲᠠ ᠣᠴᠢᠵᠤ ᠳᠠᠭᠤᠳᠠᠭᠰᠠᠨ ᠪᠢᠵᠡ᠃ ᠡᠪᠦᠭᠡᠨ ᠳᠡᠮᠡᠢ ᠴᠦ᠍ ᠪᠣᠳᠣᠯᠬᠢᠯᠠᠭᠰᠠᠨ ᠦᠭᠡᠢ ᠪᠡᠷ᠄ 
       — ᠲᠡᠢᠮᠦ᠂ ᠲᠡᠢᠮᠦ᠂ ᠡᠢᠮᠦ ᠨᠢᠭᠡ ᠤᠴᠢᠷ ᠪᠠᠢᠨ᠎ᠠ᠃ 
       — ᠲᠡᠳᠡ ᠳ᠋ᠢᠶᠠᠩᠬᠤᠸᠠ ᠳᠤ ᠪᠠᠨ ᠶᠠᠭᠤ ᠭᠡᠵᠦ ᠶᠠᠷᠢᠯᠴᠠᠭᠰᠠᠨ ᠢ᠋ ᠲᠠ ᠣᠯᠵᠤ ᠰᠣᠨᠣᠰᠪᠠ ᠤᠤ? 
       — ᠲᠣᠳᠣᠷᠬᠠᠢ ᠣᠯᠵᠤ ᠰᠣᠨᠣᠰᠤᠭᠰᠠᠨ ᠦᠭᠡᠢ᠃ ᠮᠢᠨᠦ ᠴᠡᠭᠡᠵᠢᠯᠡᠵᠦ ᠪᠠᠢᠬᠤ ᠪᠠᠷ ᠲᠡᠷᠡ ᠬᠣᠶᠠᠭᠤᠯᠠ ᠨᠡᠯᠢᠶᠡᠳ ᠶᠠᠷᠢᠯᠴᠠᠭᠰᠠᠨ᠃ ᠡᠦ ᠹᠧᠩ ᠮᠧᠢ ᠨᠥᠭᠥᠭᠡᠳᠡᠬᠢ ᠶ᠋ᠢᠨ ᠢ᠋ᠶ᠋ᠡᠨ ᠨᠡᠷ᠎ᠡ ᠶ᠋ᠢ ᠠᠷᠪᠢᠨ ᠠᠰᠠᠭᠤᠭᠰᠠᠨ᠃ ᠲᠡᠭᠡᠭᠡᠳ ᠪᠠᠰᠠ ᠴᠢ ᠨᠠᠮ᠎ᠠ ᠶᠢ ᠭᠦᠵᠢᠷᠯᠡᠵᠦ ᠪᠠᠢᠨ᠎ᠠ ᠭᠡᠵᠦ ᠳᠤᠷ᠎ᠠ ᠦᠭᠡᠢᠴᠡᠬᠦ ᠰᠢᠭ ᠪᠠᠢᠳᠠᠯ ᠲᠠᠢ ᠪᠠᠢᠭᠰᠠᠨ᠃ 
       — ᠶᠠᠷᠢᠯᠴᠠᠵᠤ ᠪᠠᠢᠬᠤ ᠦᠶ᠎ᠡ ᠳ᠋ᠦ᠍ ᠡ‍ᠤ ᠹᠧᠩ ᠮᠧᠢ ᠥᠭᠡᠷ᠎ᠡ ᠪᠠᠰᠠ ᠶᠠᠮᠠᠷ ᠰᠢᠭ᠋ ᠪᠠᠢᠳᠠᠯ ᠲᠠᠢ ᠪᠠᠢᠪᠠ? 
       — ᠪᠢ ᠰᠠᠢᠨ ᠠᠩᠬᠠᠷᠤᠭᠰᠠᠨ ᠦᠭᠡᠢ᠃ ᠲᠡᠷᠡ ᠰᠦᠷᠡᠬᠡᠢ ᠳᠣᠷᠣᠭᠰᠢ ᠪᠥᠬᠦᠢᠨ ᠨᠢᠭᠡ ᠭᠠᠷ ᠢ᠋ᠶ᠋ᠠᠷ ᠢ᠋ᠶ᠋ᠠᠨ ᠬᠠᠷᠢᠯᠴᠠᠭᠤᠷ ᠢ᠋ ᠴᠢᠬᠢᠨ ᠳᠦ ᠪᠡᠨ ᠵᠠᠪᠰᠠᠷ ᠦᠭᠡᠢ ᠲᠤᠯᠭᠠᠭᠰᠠᠨ ᠠ᠋ᠴᠠ ᠦᠵᠡᠪᠡᠯ ᠨᠠᠮ᠎ᠠ ᠶᠢ ᠰᠣᠨᠣᠰᠬᠤ ᠠ᠋ᠴᠠ ᠰᠡᠷᠭᠡᠢᠯᠡᠵᠦ ᠪᠠᠢᠬᠤ ᠮᠠᠶᠢᠭ ᠲᠠᠢ ᠪᠠᠢᠭᠰᠠᠨ᠃ ᠪᠣᠳᠣᠬᠤ ᠳ᠋ᠤ᠌ ᠦᠶ᠎ᠡ ᠶ᠋ᠢᠨ ᠵᠠᠯᠠᠭᠤᠴᠤᠳ ᠡᠯᠳᠡᠪ ᠢ᠋ᠶ᠋ᠡᠨ ᠬᠡᠯᠡᠯᠴᠡᠵᠦ ᠪᠠᠢᠭᠰᠠᠨ ᠪᠠᠢᠯᠭᠦᠢ᠃ ᠬᠡᠯᠡᠯᠴᠡᠵᠦ ᠬᠡᠯᠡᠯᠴᠡᠭᠡᠳ ᠴᠣᠬᠣᠮ ᠶᠠᠭᠠᠬᠢᠭᠰᠠᠨ ᠢ᠋ ᠪᠤᠤ ᠮᠡᠳᠡ᠃ ᠡᠦ ᠹᠧᠩ ᠮᠧᠢ ᠶ᠋ᠢᠨ ᠳᠠᠭᠤ ᠨᠢ ᠥᠨᠳᠥᠷᠵᠢᠨ ᠂ 《ᠠ᠋ ᠂ ᠨᠢᠭᠤᠴᠠ ᠢᠯᠡᠷᠡᠭᠦᠯᠦᠭᠰᠡᠨ ᠬᠥᠮᠦᠨ ᠭᠡᠨ᠎ᠡ》ᠭᠡᠵᠦ ᠬᠠᠰᠬᠢᠷᠤᠭᠰᠠᠨ᠃ ᠤᠳᠠᠭᠰᠠᠨ ᠦᠭᠡᠢ ᠳᠠᠬᠢᠭᠠᠳ ᠳᠠᠭᠤ ᠪᠠᠨ ᠳᠣᠣᠷ᠎ᠠ ᠪᠣᠯᠭᠠᠭᠰᠠᠨ ᠪᠣᠯᠬᠣᠷ ᠶᠠᠭᠤ ᠴᠦ᠍ ᠰᠣᠨᠣᠰᠳᠠᠬᠤ ᠦᠭᠡᠢ ᠪᠣᠯᠪᠠ᠃ 
       — ᠥᠭᠡᠷ᠎ᠡ ᠶᠠᠮᠠᠷ ᠢᠯᠡᠷᠡᠯ ᠭᠠᠷᠤᠭᠰᠠᠨ ᠪᠣᠢ?
       — ᠲᠡᠷᠡ ᠶᠠᠷᠢᠵᠤ ᠪᠠᠷᠠᠭᠠᠳ ᠮᠠᠰᠢ ᠶᠠᠭᠠᠷᠠᠤ ᠭᠠᠳᠠᠭᠰᠢ ᠭᠠᠷᠬᠤ ᠭᠡᠪᠡ᠃  ᠮᠢᠨᠦ《ᠬᠦᠢ ᠬᠡᠦᠬᠡᠨ ᠠ᠋᠂ ᠭᠤᠷᠪᠠᠨ ᠮᠥᠩᠭᠥᠨ ᠦ᠌ ᠰᠦᠢᠳᠬᠡᠯ ᠢ᠋ᠶ᠋ᠡᠨ ᠲᠤᠰᠢᠶᠠᠭᠠᠳ ᠪᠠᠢᠭᠤᠯᠭ᠎ᠠ ᠶ᠋ᠢᠨ ᠢ᠋ᠶ᠋ᠡᠨ ᠨᠡᠷ᠎ᠡ ᠶ᠋ᠢ ᠪᠢᠴᠢᠵᠦ ᠦᠯᠡᠳᠡᠭᠡᠭᠡᠷᠡᠢ》 ᠭᠡᠬᠦᠯᠡᠷ ᠰᠦᠷᠡᠬᠡᠢ ᠰᠣᠴᠢᠭᠰᠠᠨ ᠪᠣᠯᠤᠯᠲᠠᠢ᠃ ᠤᠬᠤᠰᠬᠢᠨ ᠡᠷᠭᠢᠵᠦ ᠨᠠᠮ᠎ᠠ ᠶᠢ ᠬᠠᠷᠠᠬᠤ ᠳ᠋ᠤ᠌ ᠬᠥᠮᠦᠨ ᠠᠶᠤᠮᠠᠷ ᠯᠠ ᠴᠢᠷᠠᠢ ᠲᠠᠢ ᠪᠠᠢᠭᠰᠠᠨ᠃ ᠲᠡᠷᠡ ᠨᠡᠯᠢᠶᠡᠳ ᠮᠡᠯᠡᠷᠡᠭᠡᠳ ᠰᠠᠶᠢ ᠂ 《ᠠᠪᠤ ᠠ᠋ ᠂ ᠳ᠋ᠢᠶᠠᠩᠬᠤᠸᠠ ᠲᠤᠰᠤᠭᠰᠠᠨ ᠲᠠᠯ᠎ᠠ ᠠ᠋ᠴᠠ ᠪᠠᠰᠠ ᠵᠣᠭᠣᠰ ᠭᠠᠷᠭᠠᠬᠤ ᠶᠤᠮ ᠤᠤ? ᠮᠡᠳᠡᠭᠰᠡᠨ ᠦᠭᠡᠢ᠃ ᠶᠡᠬᠡ ᠣᠰᠣᠯ ᠪᠣᠯᠤᠯ᠎ᠠ》ᠭᠡᠳ ᠭᠤᠷᠪᠠᠨ ᠮᠥᠩᠭᠥ ᠪᠡᠨ ᠥᠭᠭᠦᠮᠡᠭᠴᠡ ᠪᠠᠷᠤᠭ ᠯᠠ ᠭᠦᠶᠦᠮᠡᠷ ᠲᠦᠷᠭᠡᠨ ᠭᠠᠳᠠᠭᠰᠢ ᠭᠠᠷᠴᠤ ᠶᠠᠪᠤᠭᠰᠠᠨ᠃ 
       — ᠥᠭᠡᠷ᠎ᠡ ᠶᠠᠭᠤ ᠶᠠᠷᠢᠯᠴᠠᠭᠰᠠᠨ ᠢ᠋ ᠨᠢ ᠵᠢᠭᠠᠬᠠᠨ ᠴᠦ᠍ ᠣᠯᠵᠤ ᠰᠣᠨᠣᠰᠤᠭᠰᠠᠨ ᠦᠭᠡᠢ ᠤᠤ? ᠡᠪᠦᠭᠡᠨ ᠨᠡᠯᠢᠶᠡᠳ ᠪᠣᠳᠣᠯᠬᠢᠯᠠᠭᠠᠳ᠄ 
       — ᠠᠶ᠎ᠠ᠂ ᠲᠡᠳᠡ ᠥᠭᠡᠷ᠎ᠡ ᠶᠠᠭᠤ ᠶᠠᠷᠢᠯᠴᠠᠭᠰᠠᠨ ᠢ᠋ ᠨᠢ ᠣᠯᠵᠤ ᠰᠣᠨᠣᠰᠤᠭᠰᠠᠨ ᠦᠭᠡᠢ᠃ ᠪᠢ ᠠᠩᠬᠠᠨ ᠳᠤ ᠪᠠᠨ ᠡᠷᠡᠭᠲᠡᠢ ᠨᠢ ᠢᠷᠡᠭᠦᠯᠦᠭᠰᠡᠨ ᠳ᠋ᠢᠶᠠᠩᠬᠤᠸᠠ ᠪᠢᠰᠢ᠂ ᠬᠠᠷᠢᠨ ᠰᠠᠢᠨ ᠨᠠᠢᠵᠠ ᠨᠢ ᠨᠡᠷ᠎ᠡ ᠪᠡᠨ ᠲᠤᠰᠬᠠᠢ ᠬᠡᠯᠡᠬᠦ ᠦᠭᠡᠢ ᠪᠡᠷ ᠨᠠᠭᠠᠳᠴᠤ ᠪᠠᠢᠨ᠎ᠠ ᠭᠡᠵᠦ ᠪᠣᠳᠣᠭᠰᠠᠨ ᠶᠤᠮ᠃ ᠦᠭᠡᠢ ᠪᠣᠯ ᠶᠠᠭᠤᠨ ᠳ᠋ᠤ᠌ ᠨᠡᠷ᠎ᠡ ᠪᠡᠨ ᠬᠡᠯᠡᠬᠦ ᠦᠭᠡᠢ ᠪᠡᠷ ᠨᠢᠭᠤᠴᠠ ᠳᠠᠯᠳᠠ ᠶ᠋ᠢ ᠴᠢᠨᠢ ᠢᠯᠡᠷᠡᠭᠦᠯᠴᠢᠬᠡᠯ᠎ᠡ ᠭᠡᠵᠦ ᠪᠠᠷᠬᠢᠷᠠᠯᠳᠤᠬᠤ ᠪᠣᠢ? ᠭᠡᠲᠡᠯ᠎ᠡ ᠲᠡᠭᠦᠨ ᠦ᠌ ᠨᠢᠭᠤᠷ ᠴᠢᠷᠠᠢ ᠠ᠋ᠴᠠ ᠨᠢ ᠠᠵᠢᠭᠯᠠᠬᠤᠯ᠎ᠠ ᠠᠷᠠᠢ ᠨᠠᠭᠠᠳᠴᠤ ᠦᠭᠡᠢ ᠰᠢᠭ ᠪᠠᠢᠭᠰᠠᠨ᠃ ᠠᠢ᠂ ᠵᠠᠯᠠᠭᠤᠴᠤᠳ ᠤ᠋ᠨ ᠬᠡᠷᠡᠭ ᠢ᠋ ᠪᠤᠷᠬᠠᠨ ᠯᠠ ᠮᠡᠳᠡᠳᠡᠭ ᠪᠠᠢᠯᠭᠦᠢ ᠭᠡᠳ ᠡᠪᠦᠭᠡᠨ ᠡᠮᠰᠡᠢᠨ ᠢᠨᠢᠶᠡᠮᠰᠦᠭᠯᠡᠪᠡ᠃ 
       — ᠡᠦ ᠹᠧᠩ ᠮᠧᠢ ᠶ᠋ᠢ ᠳᠠᠭᠤᠳᠠᠬᠤ ᠪᠠᠷ ᠲᠠᠨ ᠢ᠋ ᠣᠴᠢᠬᠤ ᠳ᠋ᠤ᠌ ᠲᠡᠷᠡ ᠶᠠᠭᠤ ᠬᠢᠵᠦ ᠪᠠᠢᠭᠰᠠᠨ ᠪᠣᠢ? 
       — ᠳᠥᠩᠭᠡᠵᠦ ᠪᠣᠰᠤᠭᠠᠳ ᠰᠢᠲᠦ ᠠᠮᠠ ᠪᠠᠨ ᠤᠬᠢᠶᠠᠵᠤ ᠪᠠᠢᠬᠤ ᠰᠢᠭ᠋ ᠪᠠᠢᠭᠰᠠᠨ᠃ ᠲᠡᠭᠡᠭᠡᠳ ᠶᠡᠬᠡ ᠯᠡ ᠬᠠᠱᠠᠩ ᠤᠳᠠᠭᠠᠯᠢᠭ ᠭᠠᠷᠴᠤ ᠢᠷᠡᠬᠦ ᠪᠡᠷ ᠨᠢ ᠪᠢ ᠲᠡᠭᠦᠨ ᠳ᠋ᠦ᠍ ᠠᠭᠤᠷ ᠤᠴᠠᠭᠠᠷ ᠭᠠᠷᠭᠠᠭᠰᠠᠨ᠃ 
       — ᠨᠠᠰᠤᠲᠠᠨ ᠠ᠋᠂ ᠲᠠᠨ ᠳ᠋ᠤ᠌ ᠲᠠᠯᠠᠷᠬᠠᠯ᠎ᠠ᠃ ᠪᠢᠳᠡᠨ ᠦ᠌ ᠶᠠᠷᠢᠶᠠᠨ ᠤ᠋ ᠠᠭᠤᠯᠭ᠎ᠠ ᠶ᠋ᠢ ᠭᠠᠳᠠᠭᠰᠢ ᠪᠤᠤ ᠵᠠᠳᠠᠷᠠᠭᠤᠯ᠃ 
       — ᠬᠡᠷᠪᠡ ᠨᠢᠭᠤᠴᠠ ᠯᠠ ᠪᠣᠯ ᠪᠢ ᠵᠠᠪᠠᠯ ᠭᠠᠳᠠᠭᠰᠢ ᠲᠠᠷᠬᠠᠭᠠᠬᠤ ᠠᠯᠪᠠ ᠦᠭᠡᠢ᠃ ᠲᠠᠨᠠᠷ ᠰᠠᠨᠠᠭ᠎ᠠ ᠠᠮᠤᠷ ᠪᠠᠢ᠃ ᠲᠡᠳᠡᠨ ᠦ᠌ ᠶᠠᠷᠢᠯᠴᠠᠭ᠎ᠠ ᠢᠩᠭᠢᠭᠡᠳ ᠲᠡᠭᠦᠰᠪᠡ᠃ 
       ᠲᠦᠪᠰᠢᠨ ᠲᠡᠨᠳᠡ ᠡᠴᠡ ᠭᠠᠷᠴᠤ ᠢᠷᠡᠮᠡᠭᠴᠡ ᠲᠡᠷᠭᠡᠨ ᠳᠦ ᠪᠡᠨ ᠰᠢᠷᠭᠤᠵᠤ ᠣᠷᠣᠭᠠᠳ ᠲᠡᠷᠭᠡ ᠪᠡᠨ ᠨᠢᠰᠬᠦ ᠮᠡᠲᠦ ᠬᠤᠷᠳᠤᠨ ᠳᠣᠪᠲᠣᠯᠭᠠᠯ᠎ᠠ᠃  ᠲᠡᠭᠦᠨ ᠦ᠌ ᠴᠢᠷᠠᠢ ᠳ᠋ᠤᠨᠢ ᠦᠯᠦ ᠮᠡᠳᠡᠭᠬᠡᠨ ᠢᠨᠢᠶᠡᠮᠰᠦᠭᠯᠡᠯ ᠢᠯᠡᠷᠡᠵᠦ ᠪᠠᠢᠯ᠎ᠠ ᠁  

         ᠤᠩᠰᠢᠭᠰᠠᠨ ᠨᠢ ᠄ ᠴᠡᠴᠡᠭᠮ᠎ᠡ