ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠨᠢᠭᠡ> Хялгасан дөрөөн дээр – Хасвулаг зохиов <31>
ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠨᠢᠭᠡ>
ᠢᠯᠡ ᠰᠢᠭᠦᠯᠲᠡ ᠵᠠᠪᠰᠠᠷᠯᠠᠭᠰᠠᠨ ᠪᠣᠯᠪᠠᠴᠤ ᠲᠡᠭᠦᠨ ᠦ᠌ ᠨᠥᠯᠥᠭᠡ ᠲᠦᠮᠡᠨᠨᠠᠰᠤᠲᠤ ᠬᠣᠲᠠ ᠶ᠋ᠢ ᠲᠤᠷᠭᠢᠭᠤᠯᠤᠨ᠂ ᠬᠡᠳᠦᠨ ᠡᠳᠦᠷ ᠦ᠋ᠨ ᠲᠤᠷᠰᠢ ᠪᠠᠭ᠎ᠠ ᠯᠠ ᠬᠠᠤᠯᠢ ᠶ᠋ᠢᠨ ᠮᠡᠳᠡᠯᠭᠡ ᠲᠡᠢ ᠬᠥᠮᠦᠰ ᠪᠦᠷ ᠡᠭᠦᠨ ᠦ᠌ ᠲᠤᠬᠠᠢ ᠶᠠᠷᠢᠯᠴᠠᠵᠠᠭᠠᠵᠤ ᠪᠠᠢᠯ᠎ᠠ᠃
ᠪᠣᠯᠤᠷᠴᠠᠭᠠᠨ ᠤ᠋ ᠠᠮᠢᠨ ᠬᠡᠷᠡᠭ ᠦ᠋ᠨ ᠤᠤᠯ ᠭᠡᠷᠡᠴᠢ ᠪᠠᠷᠢᠮᠲᠠ ᠪᠦᠷᠢᠮᠦᠰᠦᠨ ᠲᠣᠭᠲᠠᠵᠤ ᠴᠢᠳᠠᠬᠤ ᠦᠭᠡᠢ ᠪᠣᠯᠵᠤ᠂ ᠥᠭᠡᠷ᠎ᠡ ᠨᠢᠭᠡᠨ ᠬᠥᠮᠦᠨ ᠦ᠌ ᠰᠠᠨᠠᠭᠠᠴᠢᠯᠠᠭ᠎ᠠ ᠲᠠᠢ ᠶᠠᠯᠠᠲᠤ ᠠᠵᠢᠯᠯᠠᠭ᠎ᠠ ᠢᠯᠡᠷᠡᠵᠦ ᠭᠠᠷᠴᠤ ᠢᠷᠡᠮᠡᠷ ᠪᠣᠯᠵᠤ ᠪᠠᠢᠯ᠎ᠠ᠃ ᠡᠭᠦᠨ ᠢ᠋ ᠬᠠᠮᠤᠭ ᠠ᠋ᠴᠠ ᠢᠯᠡᠭᠦᠦ ᠠᠩᠬᠠᠷᠤᠨ ᠪᠣᠳᠣᠯᠬᠢᠯᠠᠵᠤ ᠢᠷᠣᠭᠠᠷ ᠲᠤᠨᠢ ᠲᠤᠯᠲᠠᠯ᠎ᠠ ᠣᠢᠯᠠᠭᠠᠬᠤ ᠶ᠋ᠢ ᠬᠦᠰᠡᠳᠡᠭ ᠨᠢ ᠪᠢᠴᠢᠭᠡᠴᠢ ᠬᠥᠬᠡᠲᠤᠯᠢ ᠶᠤᠮ᠃
ᠲᠡᠷᠡ ᠲᠦᠪᠰᠢᠨ ᠢ᠋ ᠬᠡᠳᠦ ᠤᠳᠠᠭ᠎ᠠ ᠱᠠᠭᠠᠷᠳᠠᠨ ᠪᠣᠯᠤᠷᠴᠠᠭᠠᠨ ᠤ᠋ ᠬᠡᠷᠡᠭ ᠲᠡᠢ ᠬᠣᠯᠪᠣᠭᠳᠠᠵᠤ ᠪᠠᠢᠬᠤ ᠴᠠᠭᠠᠨᠠᠬᠢ ᠨᠢᠭᠤᠴᠠ ᠶ᠋ᠢ ᠨᠢ ᠮᠡᠳᠡᠬᠦ ᠶ᠋ᠢ ᠬᠦᠰᠡᠪᠡ᠃
ᠲᠦᠪᠰᠢᠨ ᠡᠬᠢᠨ ᠳᠦ ᠪᠡᠨ ᠶᠣᠰᠣ ᠶ᠋ᠢᠨ ᠲᠡᠳᠦᠢ ᠢᠨᠢᠶᠡᠭᠡᠳ ᠯᠡ ᠥᠩᠭᠡᠷᠡᠭᠡᠵᠦ᠂ ᠳᠠᠷᠠᠭ᠎ᠠ ᠨᠢ ᠵᠠᠢᠯᠠᠵᠤ ᠭᠠᠷᠬᠤ ᠦᠭᠡᠢ ᠳᠦ ᠪᠡᠨ ᠴᠢᠯᠥᠭᠡ ᠲᠠᠭᠠᠷᠠᠪᠠᠯ ᠪᠣᠯᠤᠶ᠎ᠠ ᠭᠡᠮᠡᠨ ᠠᠯᠪᠠ ᠬᠠᠰᠢᠨ ᠠᠮᠠ ᠬᠠᠭᠠᠵᠤ ᠪᠠᠢᠭᠰᠠᠨ ᠢ᠋ᠶ᠋ᠠᠨ ᠡᠴᠦᠰ ᠲᠤ ᠪᠠᠨ ᠲᠤᠭᠤᠯᠵᠤ ᠭᠠᠷᠤᠭᠰᠠᠨ ᠦᠭᠡᠢ᠃ ᠠᠷᠭ᠎ᠠ ᠦᠭᠡᠢ ᠪᠦᠬᠦᠨ ᠢ᠋ ᠨᠢ ᠡᠬᠢᠨ ᠡᠴᠡ ᠨᠢ ᠬᠡᠯᠡᠬᠦ ᠪᠡᠷ ᠠᠮᠠ ᠠᠯᠳᠠᠵᠠᠢ᠃ ᠲᠡᠭᠡᠭᠡᠳ ᠲᠡᠷᠡ ᠡᠨᠡ ᠬᠡᠷᠡᠭ ᠢ᠋ ᠭᠦᠢᠴᠡᠳ ᠢᠯᠭᠠᠷᠠᠭᠤᠯᠵᠤ ᠪᠠᠷᠠᠭᠠᠳᠤᠢ ᠪᠣᠯᠬᠣᠷ ᠵᠠᠪ ᠴᠢᠯᠥᠭᠡᠨ ᠳᠦ ᠪᠡᠨ ᠶᠠᠷᠢᠬᠤ ᠭᠡᠮᠡᠨ ᠦᠯᠢᠭᠡᠷᠴᠢ ᠶ᠋ᠢᠨ ᠨᠠᠮᠪᠠ ᠲᠡᠳᠡᠨ ᠪᠠᠴᠢᠷᠬᠠᠨ ᠬᠡᠯᠡᠬᠦ ᠶ᠋ᠢ ᠬᠥᠬᠡᠲᠤᠯᠢ ᠨᠥᠬᠥᠴᠡᠯ ᠦᠭᠡᠢ ᠬᠦᠯᠢᠶᠡᠨ ᠠᠪᠴᠠᠢ᠃
ᠮᠠᠷᠭᠠᠰᠢ ᠶ᠋ᠢᠨ ᠬᠢᠨᠢ ᠦᠳᠡ ᠶ᠋ᠢᠨ ᠬᠣᠢᠨ᠎ᠠ᠂ ᠲᠦᠪᠰᠢᠨ ᠭᠤᠸᠠᠢ ᠬᠥᠬᠡᠲᠤᠯᠢ ᠶ᠋ᠢᠨ ᠥᠭᠡᠳᠡ ᠬᠠᠨᠳᠤᠨ ᠰᠠᠭᠤᠭᠠᠳ ᠰᠤᠯᠠ ᠵᠣᠭᠣᠭ ᠳᠡᠯᠭᠡᠬᠦ ᠰᠢᠭ ᠦᠭᠡ ᠪᠡᠨ ᠡᠬᠢᠯᠡᠭᠦᠯᠬᠦ ᠨᠢ ᠲᠡᠳᠦᠢ ᠶᠡᠬᠡ ᠯᠣᠭᠢᠭ ᠵᠦᠢᠴᠢᠯᠡᠯ ᠲᠡᠢ ᠶᠠᠷᠢᠵᠤ ᠦᠭᠡᠢ ᠰᠢᠭ ᠰᠠᠨᠠᠭᠳᠠᠨ᠎ᠠ᠃
ᠭᠡᠰᠡᠨ ᠴᠦ᠍ ᠬᠥᠬᠡᠲᠤᠯᠢ ᠤᠯᠠᠮ ᠤᠢᠷᠠᠬᠠᠨ ᠰᠠᠭᠤᠭᠠᠳ ᠦᠭᠡ ᠠᠯᠳᠠᠯ ᠦᠭᠡᠢ ᠰᠣᠨᠣᠰᠬᠤ ᠪᠠᠷ ᠠᠩᠬᠠᠷᠤᠯ ᠢ᠋ᠶ᠋ᠠᠨ ᠲᠥᠪᠯᠡᠷᠡᠭᠦᠯᠦᠨ ᠬᠢᠨᠠᠮᠠᠭᠠᠢ ᠴᠢᠷᠠᠢᠯᠠᠵᠤ ᠰᠠᠭᠤᠬᠤ ᠳ᠋ᠤ᠌ ᠲᠦᠪᠰᠢᠨ ᠮᠥᠷᠥ ᠶ᠋ᠢ ᠨᠢ ᠳᠠᠪᠰᠢᠭᠠᠳ᠄
— ᠦᠨᠡᠨ ᠳᠦ ᠪᠡᠨ ᠪᠦᠬᠦ ᠬᠡᠷᠡᠭ ᠢ᠋ ᠪᠠᠢᠴᠠᠭᠠᠬᠤ ᠳ᠋ᠤ᠌ ᠴᠢ ᠡᠬᠢᠨ ᠡᠴᠡ ᠨᠢ ᠳᠠᠭᠤᠰᠲᠠᠯ᠎ᠠ ᠣᠷᠣᠯᠴᠠᠭᠰᠠᠨ ᠲᠤᠯᠠ ᠨᠠᠷᠢᠨ ᠪᠣᠳᠣᠯᠬᠢᠯᠠᠪᠠᠯ ᠤᠬᠠᠭᠠᠨ ᠬᠥᠯ ᠢ᠋ ᠨᠢ ᠣᠯᠴᠢᠬᠠᠬᠤ ᠶᠣᠰᠣᠲᠠᠢ᠃
— ᠪᠤᠯᠤᠷᠴᠠᠭᠠᠨ ᠬᠢᠯᠢᠰ ᠬᠠᠰᠬᠢᠷᠤᠨ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠭᠳᠠᠭᠰᠠᠨ ᠤ᠋ ᠳᠠᠷᠠᠭ᠎ᠠ᠂ ᠤᠤᠯ ᠤ᠋ᠨ ᠠᠮᠠᠨ ᠥᠴᠢᠭ ᠢ᠋ᠶ᠋ᠡᠨ ᠦᠷᠭᠦᠯᠵᠢᠯᠡᠨ ᠪᠠᠷᠢᠮᠲᠠᠯᠠᠵᠤ᠂ ᠶᠠᠮᠠᠷ ᠴᠦ᠍ ᠡᠦ᠋ ᠰᠦᠪᠡᠭᠴᠢ ᠢᠯᠡᠷᠡᠭᠦᠯᠬᠦ ᠦᠭᠡᠢ ᠪᠠᠢᠬᠤᠯᠠᠷ ᠠᠷᠭ᠎ᠠ ᠪᠤᠰᠤ ᠲᠠᠬᠢᠵᠤ ᠡᠬᠢᠨ ᠡᠴᠡ ᠨᠢ ᠪᠦᠬᠦ ᠲᠠᠯ᠎ᠠ ᠪᠠᠷ ᠪᠠᠢᠴᠠᠭᠠᠬᠤ ᠴᠢᠬᠤᠯᠠ ᠲᠠᠢ ᠪᠣᠯᠤᠭᠰᠠᠨ ᠪᠢᠰᠢ ᠤᠤ᠃
— ᠪᠠᠢᠴᠠᠭᠠᠯᠲᠠ ᠶ᠋ᠢᠨ ᠳᠤᠮᠳᠠ ᠨᠠᠳᠠ ᠬᠠᠮᠤᠭ ᠰᠡᠵᠢᠭᠲᠡᠢ ᠰᠠᠨᠠᠭᠳᠠᠭᠰᠠᠨ ᠶᠠᠭᠤᠮ᠎ᠠ ᠪᠣᠯ ᠬᠡᠷᠡᠭ ᠦ᠋ᠨ ᠲᠠᠯᠠᠪᠠᠢ ᠠ᠋ᠴᠠ ᠣᠯᠤᠭᠰᠠᠨ ᠬᠣᠣᠷᠲᠤ ᠡᠮ ᠦ᠋ᠨ ᠵᠢᠵᠢᠭ ᠯᠣᠩᠬᠣ ᠪᠣᠯᠤᠨ ᠪᠠᠷᠢᠪᠴᠢᠯᠠᠭᠳᠠᠬᠤ ᠶ᠋ᠢᠨ ᠦᠶ᠎ᠡ ᠳ᠋ᠡᠬᠢ ᠪᠣᠯᠤᠷᠴᠠᠭᠠᠨ ᠤ᠋ ᠠᠮᠠᠨ ᠥᠴᠢᠭ ᠦ᠋ᠨ ᠬᠤᠪᠢᠷᠠᠯᠲᠠ ᠪᠣᠯᠤᠨ᠎ᠠ᠃
— ᠴᠢ ᠪᠣᠳᠣᠵᠤ ᠦᠵᠡ᠃ ᠡᠮ ᠲᠠᠷᠢᠭᠰᠠᠨ ᠤ᠋ ᠬᠠᠭᠠᠰ ᠴᠠᠭ ᠤ᠋ᠨ ᠳᠠᠷᠠᠭ᠎ᠠ ᠦᠵᠡᠰᠬᠦᠯᠡᠩ᠂ ᠪᠣᠯᠤᠷᠴᠠᠭᠠᠨ ᠤ᠋ ᠡᠪᠦᠷ ᠳᠡᠭᠡᠷ᠎ᠡ ᠬᠣᠣᠷᠳᠠᠭᠳᠠᠨ ᠦᠬᠦᠭᠰᠡᠨ ᠪᠠᠢᠲᠠᠯ᠎ᠠ᠂ ᠲᠡᠷᠡ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠳ᠋ᠤ᠌ ᠣᠴᠢᠭᠰᠠᠨ ᠳᠠᠷᠤᠢ ᠳ᠋ᠤ᠌ ᠨᠠᠭᠠᠳᠤ ᠵᠠᠬ᠎ᠠ ᠳᠤ ᠪᠠᠨ ᠬᠣᠣᠷᠲᠤ ᠡᠮ ᠶᠠᠭᠠᠬᠢᠵᠤ ᠡᠮ ᠦ᠋ᠨ ᠬᠠᠢᠷᠴᠠᠭ ᠲᠤ᠌ ᠣᠷᠣᠭᠰᠠᠨ᠂ ᠶᠠᠮᠠᠷ ᠡᠮ ᠳ᠋ᠦ᠍ ᠬᠣᠣᠷᠳᠠᠭᠳᠠᠭᠰᠠᠨ ᠢ᠋ ᠮᠡᠳᠡᠬᠦ ᠦᠭᠡᠢ ᠭᠡᠨ᠎ᠡ᠃
— ᠡᠩ ᠦ᠋ᠨ ᠪᠠᠢᠳᠠᠯ ᠳᠣᠣᠷ᠎ᠠ ᠶᠠᠯᠠᠲᠠᠨ ᠶᠠᠯ᠎ᠠ ᠪᠠᠨ ᠨᠢᠭᠤᠨ ᠮᠤᠵᠢᠭᠤᠳᠠᠯᠠᠬᠤ ᠳᠤ ᠪᠠᠨ ᠯᠠᠪᠲᠠᠢ ᠥᠭᠡᠷ᠎ᠡ ᠨᠢᠭᠡ ᠵᠦᠢᠯ ᠦ᠋ᠨ ᠰᠢᠯᠲᠠᠭ ᠳᠤᠷᠠᠳᠴᠤ ᠬᠠᠭᠤᠷᠮᠠᠭ ᠭᠡᠷᠡᠴᠢ ᠵᠣᠬᠢᠶᠠᠬᠤ ᠪᠣᠯᠤᠯᠴᠠᠭ᠎ᠠ ᠲᠠᠢ᠂ ᠢᠯᠠᠩᠭᠤᠶ᠎ᠠ ᠬᠣᠣᠷᠲᠤ ᠡᠮ ᠢ᠋ᠶ᠋ᠡᠷ ᠬᠥᠮᠦᠨ ᠠᠯᠠᠬᠤ ᠪᠣᠯ ᠨᠢᠭᠡᠨ ᠲᠥᠯᠥᠪᠯᠡᠭᠡ ᠲᠡᠢ᠂ ᠰᠠᠨᠠᠭᠠᠴᠢᠯᠠᠭ᠎ᠠ ᠲᠠᠢ᠂ ᠪᠡᠯᠡᠳᠬᠡᠯ ᠲᠡᠢ ᠠᠵᠢᠯᠯᠠᠭ᠎ᠠ ᠪᠣᠯᠬᠣᠷ ᠶᠠᠯᠠᠲᠠᠳ ᠭᠡᠨᠡᠳᠲᠡ ᠪᠠᠷᠢᠪᠴᠢᠯᠠᠭᠳᠠᠬᠤ ᠦᠶ᠎ᠡ ᠳ᠋ᠦ᠍ ᠪᠠᠷᠤᠭ ᠨᠢ ᠪᠦᠷ ᠤᠤᠯ ᠠ᠋ᠴᠠ ᠪᠠᠨ ᠪᠡᠯᠡᠳᠬᠡᠭᠰᠡᠨ ᠬᠠᠭᠤᠷᠮᠠᠭ ᠤᠴᠢᠷ ᠰᠢᠯᠲᠠᠭᠠᠨ ᠢ᠋ᠶ᠋ᠠᠨ ᠳᠤᠷᠠᠳᠳᠠᠭ᠃
— ᠡᠢᠮᠦ ᠡᠴᠡ ᠶᠠᠭᠠᠬᠢᠯ᠎ᠠ ᠴᠦ᠍ ᠭᠡᠰᠡᠨ ᠲᠠᠷᠢᠭᠰᠠᠨ ᠡᠮ ᠦ᠋ᠨ ᠢ᠋ᠶ᠋ᠡᠨ ᠨᠡᠷ᠎ᠡ ᠶ᠋ᠢ ᠮᠡᠳᠡᠬᠦ ᠶᠣᠰᠣᠲᠠᠢ ᠶᠤᠮ᠃ ᠲᠡᠷᠡᠴᠢᠯᠡᠨ ᠦᠵᠡᠰᠬᠦᠯᠡᠩ ᠢ᠋ ᠡᠮ ᠳ᠋ᠦ᠍ ᠬᠣᠣᠷᠳᠠᠭᠳᠠᠨ ᠦᠬᠦᠬᠦ ᠭᠡᠵᠦ ᠪᠠᠢᠬᠤ ᠳ᠋ᠤ᠌ ᠪᠣᠯᠤᠷᠴᠠᠭᠠᠨ ᠲᠡᠭᠡᠵᠦ ᠶᠡᠬᠡ ᠰᠠᠨᠳᠤᠷᠤᠨ ᠡᠬᠡᠨᠡᠷ ᠢ᠋ᠶ᠋ᠡᠨ ᠲᠡᠪᠡᠷᠢᠨ ᠲᠠᠢᠳᠬᠤᠷᠠᠭᠤᠯᠵᠤ᠂ ᠠᠮᠢ ᠶ᠋ᠢ ᠨᠢ ᠠᠪᠤᠷᠠᠬᠤ ᠪᠠᠷ ᠬᠥᠮᠦᠨ ᠳᠠᠭᠤᠳᠠᠭᠰᠠᠨ᠂ ᠬᠠᠤᠯᠢ ᠶ᠋ᠢᠨ ᠠᠵᠢᠯᠲᠠᠳ ᠲᠡᠭᠦᠨ ᠡᠴᠡ ᠡᠬᠡᠨᠡᠷ ᠲᠤ ᠪᠠᠨ ᠶᠠᠮᠠᠷ ᠡᠮ ᠲᠠᠷᠢᠭᠰᠠᠨ ᠢ᠋ ᠠᠰᠠᠭᠤᠭᠰᠠᠨ ᠳ᠋ᠤ᠌ ᠲᠡᠷᠡ ᠭᠡᠨᠡᠳᠲᠡ ᠰᠡᠬᠡᠭᠡᠷᠡᠭᠰᠡᠨ ᠮᠡᠲᠦ ᠡᠭᠦᠳᠡᠨ ᠬᠠᠵᠠᠭᠤ ᠳ᠋ᠤ᠌ ᠬᠠᠶᠠᠭᠰᠠᠨ ᠡᠮ ᠦ᠋ᠨ ᠯᠣᠩᠬᠣ ᠪᠠᠨ ᠠᠪᠴᠤ ᠦᠵᠡᠬᠦ ᠪᠡᠷ ᠣᠷᠣᠯᠳᠣᠭᠰᠠᠨ᠂ ᠡᠨᠡ ᠪᠦᠬᠦᠨ ᠢ᠋ ᠨᠠᠷᠢᠨ ᠰᠤᠳᠤᠯᠤᠭᠠᠳ ᠦᠵᠡᠪᠡᠯ ᠲᠡᠭᠦᠨ ᠦ᠌ ᠬᠡᠯᠡᠭᠰᠡᠨ ᠡᠮ ᠦ᠋ᠨ ᠬᠠᠢᠷᠴᠠᠭ ᠲᠤ᠌ ᠬᠣᠣᠷᠲᠤ ᠡᠮ ᠨᠡᠢᠯᠡᠭᠰᠡᠨ ᠪᠠ ᠶᠠᠮᠠᠷ ᠡᠮ ᠪᠠᠢᠭᠰᠠᠨ ᠢ᠋ ᠬᠦᠷᠲᠡᠯ᠎ᠡ ᠮᠡᠳᠡᠬᠦ ᠦᠭᠡᠢ ᠭᠡᠳᠡᠭ ᠨᠢ ᠠᠩᠬᠠᠨ ᠤ᠋ ᠠᠮᠠᠨ ᠥᠴᠢᠭ ᠲᠡᠢ ᠶᠠᠪ ᠴᠠᠪ ᠨᠡᠢᠴᠡᠵᠦ ᠪᠠᠢᠬᠤ ᠪᠢᠰᠢ ᠤᠤ᠃
— ᠡᠨᠡ ᠨᠢ ᠬᠥᠮᠦᠰ ᠲᠦ᠍ ᠪᠣᠯᠤᠷᠴᠠᠭᠠᠨ ᠲᠤᠰ ᠣᠷᠣᠢ ᠥᠪᠡᠷ ᠢ᠋ᠶ᠋ᠡᠨ ᠪᠣᠳᠣᠵᠤ ᠣᠯᠬᠤ ᠦᠭᠡᠢ ᠶᠠᠮᠠᠷ ᠨᠢᠭᠡᠨ ᠮᠡᠬᠡᠯᠡᠯ ᠳ᠋ᠦ᠍ ᠠᠪᠲᠠᠭᠳᠠᠭᠰᠠᠨ ᠪᠣᠯᠪᠠ ᠤᠤ ᠭᠡᠵᠦ ᠰᠡᠵᠢᠭᠯᠡᠭᠳᠡᠵᠦ ᠪᠠᠢᠨ᠎ᠠ᠃
— ᠭᠡᠲᠡᠯ᠎ᠡ ᠮᠠᠷᠭᠠᠰᠢ ᠨᠢ ᠪᠣᠯᠬᠤ ᠳ᠋ᠤ᠌ ᠪᠣᠯᠤᠷᠴᠠᠭᠠᠨ ᠪᠦᠬᠦ ᠶᠠᠯ᠎ᠠ ᠪᠠᠨ ᠬᠦᠯᠢᠶᠡᠨ ᠴᠠᠭᠠᠪᠤᠷᠯᠠᠬᠤ ᠳᠤ ᠪᠠᠨ ᠶᠠᠮᠠᠷ ᠡᠮ᠂ ᠬᠡᠴᠢᠨᠡᠭᠡᠨ ᠬᠡᠮᠵᠢᠶ᠎ᠡ ᠲᠡᠢ ᠶᠡᠭᠦᠯᠡᠭᠰᠡᠨ ᠢ᠋ᠶ᠋ᠡᠨ ᠬᠦᠷᠲᠡᠯ᠎ᠡ ᠨᠠᠷᠢᠨ ᠲᠤᠰᠢᠶᠠᠭᠰᠠᠨ ᠪᠠᠢᠨ᠎ᠠ᠃
— ᠡᠨᠡ ᠬᠦ᠌ ᠭᠡᠨᠡᠳᠲᠡ ᠶ᠋ᠢᠨ ᠬᠤᠪᠢᠷᠠᠯᠲᠠ ᠨᠢ ᠬᠡᠳᠦᠢ ᠶᠡᠬᠡ ᠭᠠᠢᠬᠠᠨ ᠰᠡᠵᠢᠭᠯᠡᠮᠡᠷ ᠪᠣᠢ? ᠶᠠᠭᠠᠬᠢᠭᠠᠳ ᠨᠢᠭᠡ ᠰᠥᠨᠢ ᠶ᠋ᠢᠨ ᠬᠣᠭᠣᠷᠣᠨᠳᠣ ᠡᠢᠮᠦ ᠶᠡᠬᠡ ᠡᠷᠭᠢᠯᠲᠡ ᠭᠠᠷᠤᠭᠰᠠᠨ ᠪᠣᠯ? ᠪᠢ ᠡᠯᠳᠡᠪ ᠢ᠋ ᠬᠣᠯᠪᠣᠨ ᠪᠣᠳᠣᠭᠠᠳ᠂ ᠪᠣᠯᠤᠷᠴᠠᠭᠠᠨ ᠢ᠋ ᠪᠠᠷᠢᠭᠳᠠᠭᠰᠠᠨ ᠤ᠋ ᠳᠠᠷᠠᠭ᠎ᠠ ᠥᠷᠯᠥᠭᠡ ᠨᠢᠭᠡ ᠵᠠᠯᠠᠭᠤ ᠬᠡᠭᠡᠨᠴᠢᠷ ᠡᠮᠡᠭᠲᠡᠢ ᠬᠣᠷᠢᠭᠤᠯ ᠤ᠋ᠨ ᠭᠠᠵᠠᠷ ᠣᠴᠢᠵᠤ ᠲᠡᠭᠦᠨ ᠲᠡᠢ ᠨᠢᠭᠤᠴᠠ ᠪᠠᠷ ᠠᠭᠤᠯᠵᠠᠭᠰᠠᠨ ᠠ᠋ᠴᠠ ᠲᠡᠭᠦᠨ ᠦ᠌ ᠰᠡᠳᠬᠢᠯᠭᠡ ᠳ᠋ᠦ᠍ ᠣᠨᠴᠠᠭᠠᠢ ᠬᠤᠪᠢᠷᠠᠯᠲᠠ ᠭᠠᠷᠤᠭᠰᠠᠨ ᠭᠡᠳᠡᠭ ᠢ᠋ ᠵᠢᠱᠢᠵᠦ ᠭᠠᠷᠭᠠᠭᠰᠠᠨ᠃
— ᠪᠠᠢᠴᠠᠭᠠᠭᠰᠠᠨ ᠤ᠋ ᠦᠷ᠎ᠡ ᠳ᠋ᠦᠩ ᠳ᠋ᠦ᠍ ᠡᠨᠡ ᠡᠮᠡᠭᠲᠡᠢ ᠪᠣᠯ ᠳᠠᠷᠤᠢ ᠡᠦ ᠹᠧᠩ ᠮᠧᠢ ᠭᠡᠳᠡᠭ ᠢ᠋ ᠲᠣᠳᠣᠷᠬᠠᠢᠯᠠᠭᠰᠠᠨ᠃ ᠲᠡᠭᠡᠭᠡᠳ ᠡᠨᠡ ᠰᠠᠭᠤᠷᠢᠨ ᠳᠡᠭᠡᠷ᠎ᠡ ᠪᠡᠨ ᠪᠣᠯᠤᠷᠴᠠᠭᠠᠨ ᠡᠳᠡ ᠬᠣᠶᠠᠭᠤᠯᠠ ᠶ᠋ᠢᠨ ᠳᠣᠲᠣᠨᠣ ᠬᠠᠷᠢᠴᠠᠭ᠎ᠠ᠂ ᠦᠵᠡᠰᠬᠦᠯᠡᠩ ᠳ᠋ᠦ᠍ ᠬᠣᠣᠷᠲᠤ ᠡᠮ ᠲᠣᠬᠢᠷᠠᠭᠤᠯᠵᠤ ᠥᠭᠭᠦᠭᠰᠡᠨ ᠪᠠ ᠠᠯᠠᠭᠳᠠᠭᠰᠠᠨ ᠤ᠋ ᠬᠢᠨᠢ ᠮᠠᠷᠭᠠᠰᠢ ᠥᠷᠯᠥᠭᠡ ᠡᠦ ᠹᠧᠩ ᠮᠧᠢ ᠬᠣᠷᠢᠭᠤᠯ ᠤ᠋ᠨ ᠭᠠᠵᠠᠷ ᠣᠴᠢᠨ ᠪᠣᠯᠤᠷᠴᠠᠭᠠᠨ ᠲᠠᠢ ᠠᠭᠤᠯᠵᠠᠭᠰᠠᠨ᠂ ᠵᠢᠴᠢ ᠡᠨᠡ ᠬᠣᠶᠠᠷ ᠠᠭᠤᠯᠵᠠᠮᠠᠭᠴᠠ ᠬᠣᠣᠷᠲᠤ ᠡᠮ ᠦ᠋ᠨ ᠲᠤᠬᠠᠢ ᠬᠡᠯᠡᠯᠴᠡᠨ᠂ ᠬᠠᠷᠢᠭᠤᠴᠠᠯᠭ᠎ᠠ ᠡᠭᠦᠷᠬᠦ ᠲᠤᠬᠠᠢ ᠵᠥᠪᠳᠡᠯᠴᠡᠭᠰᠡᠨ ᠵᠡᠷᠭᠡ ᠶ᠋ᠢ ᠲᠣᠳᠣᠷᠬᠠᠢᠯᠠᠭᠰᠠᠨ ᠤ᠋ ᠳᠠᠷᠠᠭ᠎ᠠ ᠡᠨᠡ ᠬᠦ᠌ ᠬᠤᠤᠪᠢᠯᠳᠤᠯᠭ᠎ᠠ ᠲᠠᠢ ᠶᠠᠯᠠᠲᠤ ᠠᠵᠢᠯᠯᠠᠭ᠎ᠠ ᠶ᠋ᠢᠨ ᠴᠠᠭᠠᠳᠤᠬᠢ ᠵᠣᠷᠢᠯᠭ᠎ᠠ ᠶ᠋ᠢ ᠨᠢ ᠢᠯᠡᠴᠢᠯᠡᠵᠦ ᠢᠯᠡᠷᠡᠭᠦᠯᠬᠦ ᠴᠢᠬᠤᠯᠠ ᠲᠠᠢ ᠰᠠᠨᠠᠭᠳᠠᠪᠠ᠃
— ᠪᠠᠢᠴᠠᠭᠠᠯᠲᠠ ᠶ᠋ᠢᠨ ᠡᠬᠢᠨ ᠦ᠌ ᠦᠶ᠎ᠡ ᠳ᠋ᠦ᠍ ᠨᠠᠳᠠ ᠥᠪᠡᠷ ᠦ᠋ᠨ ᠡᠷᠬᠡ ᠦᠭᠡᠢ ᠡᠨᠡ ᠬᠣᠶᠠᠷ ᠬᠠᠮᠰᠠᠨ ᠨᠡᠢᠯᠡᠵᠦ ᠦᠵᠡᠰᠬᠦᠯᠡᠩ ᠢ᠋ ᠬᠣᠣᠷᠯᠠᠭᠰᠠᠨ ᠭᠡᠳᠡᠭ ᠰᠡᠷᠡᠯᠲᠡ ᠪᠣᠢ ᠪᠣᠯᠤᠭᠰᠠᠨ᠃ ᠡᠳᠡᠨ ᠦ᠌ ᠨᠢᠭᠤᠴᠠ ᠬᠠᠷᠢᠴᠠᠭ᠎ᠠ ᠠ᠋ᠴᠠ ᠲᠦᠯᠬᠢᠨ ᠪᠣᠳᠣᠪᠠᠯ ᠡᠢᠮᠦ ᠪᠣᠯᠤᠯᠴᠠᠭ᠎ᠠ ᠪᠦᠷᠢᠨ ᠪᠠᠢᠯ᠎ᠠ᠃ ᠭᠡᠲᠡᠯ᠎ᠡ ᠮᠠᠨ ᠤ᠋ ᠪᠠᠢᠴᠠᠭᠠᠯᠲᠠ ᠭᠦᠨᠵᠡᠭᠡᠢᠷᠡᠬᠦ ᠳᠣᠳᠣᠮ ᠪᠣᠯᠤᠷᠴᠠᠭᠠᠨ ᠥᠪᠡᠷ ᠢ᠋ᠶ᠋ᠡᠨ ᠮᠡᠳᠡᠬᠦ ᠦᠭᠡᠢ ᠪᠡᠷ ᠡᠦ ᠹᠧᠩ ᠮᠧᠢ ᠶ᠋ᠢᠨ ᠨᠢᠭᠤᠴᠠ ᠪᠠᠷ ᠰᠠᠨᠠᠭᠠᠴᠢᠯᠠᠭ᠎ᠠ ᠲᠠᠢ ᠪᠠᠷ ᠲᠣᠬᠢᠷᠠᠭᠤᠯᠤᠭᠰᠠᠨ ᠬᠣᠣᠷᠲᠤ ᠡᠮ ᠢ᠋ ᠵᠠᠷᠤᠭᠰᠠᠨ ᠨᠢ ᠤᠯᠠᠮ ᠲᠣᠳᠣᠷᠬᠠᠢ ᠪᠣᠯᠬᠤ ᠳ᠋ᠤ᠌ ᠂ ᠬᠣᠶᠠᠭᠤᠯᠠ ᠬᠤᠤᠪᠢᠯᠳᠤᠭᠰᠠᠨ ᠭᠡᠵᠦ ᠶᠠᠯ᠎ᠠ ᠲᠤᠯᠭᠠᠬᠤ ᠭᠡᠷᠡᠴᠢ ᠪᠠᠷᠢᠮᠲᠠ ᠮᠥᠴᠢᠳ ᠪᠣᠯᠵᠤ ᠬᠤᠪᠢᠷᠠᠯ᠎ᠠ᠃
— ᠡᠦ ᠹᠧᠩ ᠮᠧᠢ ᠶ᠋ᠢ ᠬᠣᠷᠢᠭᠤᠯ ᠤ᠋ᠨ ᠭᠠᠵᠠᠷ ᠲᠤ᠌ ᠬᠦᠷᠴᠦ ᠬᠡᠷᠡᠭ ᠦ᠋ᠨ ᠦᠨᠡᠨ ᠢ᠋ᠶ᠋ᠡᠨ ᠪᠣᠯᠤᠷᠴᠠᠭᠠᠨ ᠳ᠋ᠤ᠌ ᠬᠡᠯᠡᠭᠰᠡᠨ ᠦ᠌ ᠳᠠᠷᠠᠭ᠎ᠠ᠂ ᠲᠡᠷᠡ ᠨᠢᠭᠡᠨᠲᠡ ᠬᠡᠷᠡᠭ ᠦ᠋ᠨ ᠲᠠᠯᠠᠪᠠᠢ ᠠ᠋ᠴᠠ ᠰᠢᠭᠤᠳ ᠪᠠᠷᠢᠪᠴᠢᠯᠠᠭᠳᠠᠭᠰᠠᠨ ᠲᠤᠯᠠ ᠬᠣᠶᠠᠭᠤᠯᠠ ᠶ᠋ᠢᠨ ᠬᠣᠭᠣᠷᠣᠨᠳᠣᠬᠢ ᠬᠠᠷᠢᠴᠠᠭ᠎ᠠ ᠬᠣᠯᠪᠣᠭ᠎ᠠ ᠳᠤ ᠪᠠᠨ ᠪᠠᠷᠢᠭᠳᠠᠨ ᠡᠦ ᠹᠧᠩ ᠮᠧᠢ ᠶ᠋ᠢᠨ ᠲᠥᠯᠥᠭᠡ ᠪᠦᠬᠦ ᠬᠠᠷᠢᠭᠤᠴᠠᠯᠭ᠎ᠠ ᠶ᠋ᠢ ᠥᠪᠡᠷ ᠢ᠋ᠶ᠋ᠡᠨ ᠡᠭᠦᠷᠬᠦ ᠪᠡᠷ ᠣᠷᠣᠯᠳᠣᠭᠰᠠᠨ ᠭᠡᠳᠡᠭ ᠢ᠋ ᠨᠤᠲᠠᠯᠠᠵᠤ ᠪᠣᠯᠤᠮᠠᠷ ᠪᠠᠢᠭᠰᠠᠨ᠃ ᠣᠨᠴᠠᠭᠠᠢ ᠬᠠᠷᠢᠴᠠᠭ᠎ᠠ ᠲᠠᠢ ᠡᠷᠡᠭᠲᠡᠢ ᠡᠮᠡᠭᠲᠡᠢ ᠬᠣᠶᠠᠷ ᠬᠠᠮᠰᠠᠵᠤ ᠶᠠᠯ᠎ᠠ ᠬᠢᠭᠡᠳ ᠬᠣᠶᠠᠭᠤᠯᠠ ᠪᠠᠨ ᠪᠦᠷ ᠲᠣᠯᠣᠭᠠᠢ ᠠᠪᠲᠠᠬᠤ ᠶᠠᠯ᠎ᠠ ᠳ᠋ᠤ᠌ ᠤᠨᠠᠬᠤ ᠠᠶᠤᠯ ᠲᠠᠢ ᠦᠶ᠎ᠡ ᠳ᠋ᠦ᠍᠂ ᠪᠠᠭ᠎ᠠ ᠯᠠ ᠵᠠᠪᠰᠢᠶᠠᠨ ᠪᠠᠢᠪᠠᠯ ᠨᠢᠭᠡ ᠨᠢ ᠨᠥᠭᠦᠭᠡ ᠪᠡᠨ ᠠᠪᠤᠷᠠᠬᠤ ᠪᠠᠷ ᠠᠷᠭ᠎ᠠ ᠤᠬᠠᠭᠠᠨ ᠰᠦᠪᠡᠭᠴᠢᠯᠡᠳᠡᠭ ᠢ᠋ ᠨᠢᠭᠡᠨ ᠵᠦᠢᠯ ᠦ᠋ᠨ ᠯᠣᠭᠢᠭ ᠭᠡᠵᠦ ᠪᠣᠯᠤᠮᠠᠷ ᠶᠤᠮ᠃ ᠢᠯᠠᠩᠭᠤᠶ᠎ᠠ ᠡᠨᠡ ᠬᠣᠶᠠᠷ ᠬᠥᠮᠦᠨ ᠪᠦᠷ ᠵᠣᠬᠢᠬᠤ ᠦᠢᠯᠡᠳᠦᠯᠭᠡ ᠶᠢᠨ ᠨᠤᠭᠤᠷᠠᠯ ᠪᠦᠳᠦᠷᠡᠯ ᠢ᠋ ᠥᠩᠭᠡᠷᠡᠭᠰᠡᠨ ᠤᠴᠢᠷ ᠠ᠋ᠴᠠ ᠠᠮᠢ ᠪᠠᠨ ᠪᠣᠳᠣᠨ᠂ ᠴᠠᠭᠠᠲᠠᠢ ᠨᠠᠭᠠᠲᠠᠢ ᠪᠠᠨ ᠲᠣᠭᠠᠴᠠᠬᠤ ᠦᠭᠡᠢ ᠪᠡᠷ ᠬᠣᠭᠣᠷᠣᠨᠳᠣ ᠪᠠᠨ ᠲᠦᠯᠬᠢᠯᠴᠡᠬᠦ ᠪᠣᠯᠤᠯᠴᠠᠭ᠎ᠠ ᠲᠤᠩ ᠪᠠᠭ᠎ᠠ ᠶᠤᠮ᠃ ᠢᠩᠭᠢᠵᠦ ᠬᠢᠬᠦ ᠶ᠋ᠢᠨ ᠡᠴᠦᠰ ᠦ᠋ᠨ ᠦᠷ᠎ᠡ ᠳ᠋ᠦᠩ ᠢ᠋ ᠲᠡᠳᠡ ᠯᠠᠪᠲᠠᠢ ᠤᠷᠢᠳᠴᠢᠯᠠᠨ ᠲᠥᠰᠦᠪᠯᠡᠵᠦ ᠴᠢᠳᠠᠨ᠎ᠠ᠃
— ᠢᠩᠭᠢᠭᠡᠳ ᠯᠡ ᠪᠣᠯᠤᠷᠴᠠᠭᠠᠨ ᠬᠢᠯᠢᠰ ᠭᠠᠰᠠᠯᠠᠩ ᠢ᠋ ᠳᠣᠲᠣᠷ᠎ᠠ ᠪᠠᠨ ᠪᠣᠳᠣᠨ᠂ ᠠᠮᠢᠨ ᠬᠡᠷᠡᠭ ᠡᠭᠦᠷᠦᠨ ᠲᠣᠯᠣᠭᠠᠢ ᠤᠨᠠᠬᠤ ᠪᠠᠨ ᠬᠦᠯᠢᠶᠡᠭᠰᠡᠭᠡᠷ ᠪᠠᠢᠭᠰᠠᠨ᠃ ᠶᠠᠷᠢᠶᠠᠨ ᠦᠭᠡᠢ ᠲᠡᠷᠡ ᠵᠠᠷᠢᠮ ᠳᠤ ᠪᠠᠨ ᠭᠤᠨᠢᠨ ᠤᠢᠳᠬᠤ ᠳᠤ ᠪᠠᠨ ᠵᠢᠷᠦᠬᠡ ᠰᠡᠳᠬᠢᠯ ᠨᠢ ᠰᠢᠮᠰᠢᠷᠡᠨ ᠱᠠᠷᠬᠢᠷᠠᠵᠤ ᠲᠡᠰᠬᠦᠶ᠎ᠡ ᠪᠡᠷᠬᠡ ᠪᠣᠯᠳᠠᠭ ᠪᠠᠢᠬᠤ᠃ ᠲᠡᠭᠡᠬᠦ ᠳᠦ ᠪᠡᠨ ᠡᠨᠳᠡᠯ ᠣᠰᠣᠯ ᠭᠡᠮᠡᠷ ᠶᠠᠭᠤᠮ᠎ᠠ ᠬᠢᠭᠰᠡᠨ ᠦᠭᠡᠢ ᠪᠡᠷ ᠠᠷᠪᠠ ᠭᠠᠷᠤᠢ ᠵᠢᠯ ᠳᠡᠷᠡ ᠨᠢᠭᠡᠳᠬᠡᠭᠰᠡᠨ ᠡᠩᠬᠦᠷᠡᠢ ᠡᠬᠡᠨᠡᠷ ᠦ᠋ᠨ ᠢ᠋ᠶ᠋ᠡᠨ ᠬᠣᠢᠨ᠎ᠠ ᠠ᠋ᠴᠠ ᠰᠠᠨᠠᠭ᠎ᠠ ᠪᠣᠯᠵᠤ᠂ ᠲᠡᠭᠦᠨ ᠦ᠌ ᠭᠠᠷ ᠲᠤ᠌ ᠬᠠᠷ᠎ᠠ ᠴᠠᠭᠠᠨ ᠢ᠋ᠶ᠋ᠠᠨ ᠢᠯᠭᠠᠭ᠎ᠠ ᠦᠭᠡᠢ ᠪᠡᠷ ᠬᠠᠢᠷᠠᠨ ᠠᠮᠢ ᠪᠠᠨ ᠠᠯᠳᠠᠭᠰᠠᠨ ᠳ᠋ᠤᠨᠢ ᠠᠷᠭ᠎ᠠ ᠦᠭᠡᠢ ᠯᠡ ᠭᠠᠰᠢᠭᠤᠳᠠᠨ ᠵᠣᠪᠠᠳᠠᠭ ᠪᠠᠢᠬᠤ᠃ ᠢᠳᠡᠷ ᠨᠠᠰᠤᠨ ᠤ᠋ ᠬᠢᠨᠢ ᠦᠶ᠎ᠡ ᠢᠯᠡᠭᠦᠴᠡ ᠬᠠᠯᠠᠭᠤᠨ ᠳᠤᠯᠠᠭᠠᠨ ᠬᠦᠷᠲᠡᠭᠡᠭᠰᠡᠨ ᠨᠢᠭᠤᠴᠠ ᠬᠠᠨᠢᠲᠠᠨ ᠢ᠋ᠶ᠋ᠠᠨ ᠰᠠᠨᠠᠬᠤ ᠲᠣᠰᠤᠮ᠂ ᠳᠤᠷᠠᠯᠠᠯ ᠳᠤ ᠪᠠᠨ ᠰᠣᠭᠲᠣᠭᠤᠷᠠᠨ ᠪᠠᠷᠤᠭ ᠯᠠ ᠮᠡᠳᠡᠷᠡᠯ ᠰᠠᠷᠠᠯ ᠤ᠋ᠨ ᠵᠢᠯᠣᠭᠣ ᠪᠠᠨ ᠠᠯᠲᠠᠨ ᠲᠡᠨᠡᠭ ᠪᠣᠯᠬᠢ ᠠᠵᠢᠯᠯᠠᠭ᠎ᠠ ᠦᠢᠯᠡᠳᠦᠭᠰᠡᠨ ᠡᠦ ᠹᠧᠩ ᠮᠧᠢ ᠶ᠋ᠢᠨ ᠲᠥᠯᠥᠭᠡ ᠭᠠᠰᠠᠯᠲᠠᠯᠠ ᠬᠠᠷᠠᠮᠰᠠᠳᠠᠭ ᠪᠠᠢᠬᠤ᠃
— ᠲᠡᠷᠡ ᠠᠮᠢᠳᠤᠷᠠᠬᠤ ᠵᠠᠪᠰᠢᠶᠠᠨ ᠨᠢᠭᠡᠨᠲᠡ ᠦᠭᠡᠢ ᠪᠣᠯᠤᠭᠰᠠᠨ ᠢ᠋ᠶ᠋ᠠᠨ ᠰᠡᠷᠡᠵᠦ ᠮᠡᠳᠡᠭᠡᠳ᠂ ᠡᠦ ᠹᠧᠩ ᠮᠧᠢ ᠳ᠋ᠦ᠍ ᠬᠢᠯᠭᠠᠰᠤᠨ ᠲᠡᠳᠦᠢ ᠭᠬᠢᠷ ᠬᠠᠯᠳᠠᠭᠠᠬᠤ ᠦᠭᠡᠢ ᠪᠡᠷ ᠰᠡᠳᠬᠢᠯ ᠳᠣᠲᠣᠷ᠎ᠠ ᠪᠠᠨ ᠰᠢᠭᠤᠳᠤᠭᠰᠠᠨ ᠪᠠᠢᠬ᠎ᠠ᠃ ᠦᠨᠡᠨ ᠳᠦ ᠪᠡᠨ ᠪᠣᠯᠤᠷᠴᠠᠭᠠᠨ ᠤ᠋ ᠬᠣᠪᠢᠨ ᠳ᠋ᠤ᠌ ᠠᠪᠴᠤ ᠬᠡᠯᠡᠪᠡᠯ ᠢᠩᠭᠢᠵᠦ ᠯᠡ ᠬᠢᠬᠦ ᠡᠴᠡ ᠥᠭᠡᠷ᠎ᠡ ᠠᠷᠭ᠎ᠠ ᠦᠭᠡᠢ ᠪᠠᠢᠭᠰᠠᠨ᠃ ᠤᠴᠢᠷ ᠨᠢ ᠡᠨᠡ ᠬᠡᠷᠡᠭ ᠳᠡᠭᠡᠷ᠎ᠡ ᠬᠣᠯᠪᠣᠭᠳᠠᠭᠰᠠᠨ ᠮᠠᠰᠢ ᠨᠠᠷᠢᠨ ᠪᠤᠳᠤᠯᠢᠶᠠᠨ ᠲᠠᠢ ᠬᠡᠷᠡᠭ ᠦ᠋ᠳ ᠢ᠋ ᠪᠣᠯᠤᠷᠴᠠᠭᠠᠨ ᠮᠡᠳᠡᠬᠦ ᠦᠭᠡᠢ ᠶᠦᠮ᠃ ᠲᠡᠭᠡᠬᠦᠯᠡ ᠲᠡᠭᠦᠨ ᠦ᠌ ᠭᠠᠷ ᠲᠤ᠌ ᠦᠵᠡᠰᠬᠦᠯᠡᠩ ᠦ᠋ᠨ ᠠᠮᠢᠨ ᠬᠡᠷᠡᠭ ᠭᠠᠷᠤᠭᠰᠠᠨ ᠤ᠋ ᠬᠣᠢᠨ᠎ᠠ ᠬᠠᠷᠢᠭᠤᠴᠠᠯᠭ᠎ᠠ ᠶ᠋ᠢᠨ ᠲᠠᠯ᠎ᠠ ᠪᠠᠷ ᠥᠪᠡᠷ ᠢ᠋ᠶ᠋ᠡᠨ ᠡᠭᠦᠷᠴᠦ ᠭᠠᠷᠬᠤ ᠪᠠ ᠪᠤᠰᠤᠳ ᠤᠷᠤᠭᠤ ᠲᠦᠯᠬᠢᠪᠡᠯ ᠬᠣᠶᠠᠷ ᠠᠳᠠᠯᠢᠬᠠᠨ ᠦᠷ᠎ᠡ ᠳ᠋ᠦᠩ ᠢ᠋ ᠪᠣᠢ ᠪᠣᠯᠭᠠᠬᠤ ᠶᠤᠮ᠃
— ᠬᠡᠷᠪᠡ ᠡᠨᠡ ᠬᠡᠷᠡᠭ ᠢ᠋ᠶ᠋ᠡᠨ ᠡᠦ ᠹᠧᠩ ᠮᠧᠢ ᠤᠷᠤᠭᠤ ᠲᠦᠯᠬᠢᠪᠡᠯ ᠡᠰᠡᠷᠭᠦ ᠨᠢ ᠰᠠᠨᠠᠭᠠᠴᠢᠯᠠᠭ᠎ᠠ ᠲᠠᠢ ᠬᠤᠤᠪᠢᠯᠳᠤᠵᠤ ᠬᠥᠮᠦᠨ ᠠᠯᠠᠭᠰᠠᠨ ᠢ᠋ᠶ᠋ᠠᠷ ᠶᠠᠯ᠎ᠠ ᠶ᠋ᠢᠨ ᠰᠢᠨᠵᠢ ᠴᠢᠨᠠᠷ ᠬᠦᠨᠳᠦᠳᠡᠵᠦ ᠬᠣᠶᠠᠭᠤᠯᠠ ᠪᠠᠨ ᠠᠯᠠᠭᠳᠠᠨ᠎ᠠ᠃ ᠬᠠᠷᠢᠨ ᠭᠠᠭᠴᠠᠭᠠᠷ ᠢ᠋ᠶ᠋ᠠᠨ ᠡᠭᠦᠷᠴᠦ ᠭᠠᠷᠪᠠᠯ ᠨᠢᠭᠡ ᠠᠮᠢ ᠪᠠᠷ ᠨᠢᠭᠡ ᠠᠮᠢ ᠲᠥᠯᠥᠵᠦ ᠪᠠᠰᠠ ᠲᠡᠭᠡᠭᠡᠳ ᠡᠦ ᠹᠧᠩ ᠮᠧᠢ ᠶ᠋ᠢ ᠬᠠᠮᠠᠭᠠᠯᠠᠵᠤ ᠪᠣᠯᠤᠨ᠎ᠠ᠃ ᠢᠩᠭᠢᠵᠦ ᠠᠷᠪᠢᠨ ᠵᠦᠢᠴᠢᠯᠡᠭᠰᠡᠨ ᠦ᠌ ᠬᠣᠢᠨ᠎ᠠ ᠵᠠᠪᠠᠯ ᠭᠠᠭᠴᠠᠭᠠᠷ ᠢ᠋ᠶ᠋ᠠᠨ ᠲᠤᠯᠵᠤ ᠭᠠᠷᠬᠤ ᠮᠤᠬᠤᠷ ᠪᠣᠳᠣᠯ ᠲᠠᠢ ᠪᠣᠯᠵᠠᠢ᠃
— ᠭᠡᠲᠡᠯ᠎ᠡ ᠰᠡᠳᠬᠢᠯ ᠳᠦ ᠪᠡᠨ ᠬᠠᠷ᠎ᠠ ᠠᠯᠪᠠ ᠪᠠᠷ ᠳᠠᠷᠤᠭᠰᠠᠨ ᠪᠤᠬᠢᠨᠢᠳᠤᠯ ᠢ᠋ ᠶᠠᠭᠠᠬᠢᠵᠤ ᠤᠬᠠᠮᠰᠠᠷ ᠠ᠋ᠴᠠ ᠪᠠᠨ ᠣᠢᠯᠠᠭᠠᠵᠤ ᠲᠠᠨᠢᠯ᠎ᠠ ᠭᠡᠳ ᠲᠠᠷᠢᠬᠢᠨ ᠳ᠋ᠤᠨᠢ ᠬᠡᠵᠢᠶᠡᠳᠡ ᠡᠷᠭᠢᠯᠳᠦᠵᠦ ᠪᠠᠢᠳᠠᠭ ᠰᠠᠨᠵᠠᠢ᠃ ᠴᠠᠭᠠᠵᠠ ᠶ᠋ᠢᠨ ᠲᠠᠯᠠᠪᠠᠢ ᠳ᠋ᠤ᠌ ᠬᠦᠷᠭᠡᠭᠳᠡᠨ ᠭᠠᠵᠠᠷ ᠰᠥᠭᠥᠳᠦᠭᠡᠳ ᠡᠴᠦᠰ ᠦ᠋ᠨ ᠮᠥᠴᠡ ᠪᠡᠨ ᠬᠦᠯᠢᠶᠡᠬᠦ ᠣᠨᠴᠠᠭᠠᠢ ᠣᠷᠴᠢᠨ ᠲᠣᠭᠣᠷᠢᠨ ᠳ᠋ᠤ᠌ ᠠᠮᠢᠨ ᠳᠤ ᠪᠠᠨ ᠬᠠᠷᠠᠮᠰᠠᠭᠰᠠᠨ ᠴᠦ᠍ ᠪᠣᠯᠤᠭ᠂ ᠠᠮᠠᠨ ᠤ᠋ ᠪᠠᠨ ᠠᠶ᠎ᠠ ᠪᠠᠷ ᠴᠦ᠍ ᠪᠣᠯᠤᠭ᠂ ᠰᠠᠨᠠᠭᠠᠨ ᠤ᠋ ᠴᠠᠭᠠᠨᠠᠬᠢ ᠬᠠᠷᠠᠮᠰᠠᠯ ᠢ᠋ᠶ᠋ᠠᠨ ᠬᠢᠯᠢᠰ ᠬᠠᠰᠬᠢᠷᠤᠭᠰᠠᠨ ᠨᠢ ᠪᠣᠯᠤᠷᠴᠠᠭᠠᠨ ᠤ᠋ ᠤᠳᠠᠭᠠᠨ ᠬᠤᠭᠤᠴᠠᠭᠠᠨ ᠤ᠋ ᠪᠤᠳᠤᠯᠢᠶᠠᠨᠲᠤ ᠰᠡᠳᠬᠢᠯᠭᠡ ᠶ᠋ᠢ ᠬᠠᠷᠠᠭᠤᠯᠤᠭᠰᠠᠨ ᠪᠢᠰᠢ ᠤᠤ᠃
— ᠡᠨᠡ ᠬᠦ᠌ ᠵᠦᠢᠴᠢᠯᠡᠯ ᠨᠤᠲᠠᠯᠠᠯ ᠢ᠋ᠶ᠋ᠠᠨ ᠵᠥᠪ ᠭᠡᠮᠡᠨ ᠪᠢ ᠨᠢᠭᠡ ᠬᠤᠭᠤᠴᠠᠭ᠎ᠠ ᠪᠠᠲᠤᠲᠠᠢ ᠪᠣᠳᠣᠵᠤ ᠪᠠᠢᠭᠰᠠᠨ ᠪᠣᠯᠪᠠᠴᠤ ᠳᠠᠭᠠᠯᠳᠤᠭᠰᠠᠨ ᠵᠠᠷᠢᠮ ᠠᠰᠠᠭᠤᠳᠠᠯ ᠢ᠋ ᠣᠨᠣᠪᠴᠢᠲᠠᠢ ᠲᠠᠢᠯᠪᠤᠷᠢᠯᠠᠵᠤ ᠳᠡᠢᠯᠬᠦ ᠦᠭᠡᠢ ᠪᠠᠢᠯ᠎ᠠ᠃ ᠪᠣᠯᠤᠷᠴᠠᠭᠠᠨ ᠳᠥᠷᠪᠡᠨ ᠮᠢᠯᠢᠯᠢᠲ᠋ᠷ ᠲᠠᠷᠢᠭᠰᠠᠨ ᠡᠮ ᠦ᠋ᠨ ᠬᠡᠮᠵᠢᠶ᠎ᠡ ᠪᠡᠨ ᠶᠠᠭᠠᠬᠢᠭᠠᠳ ᠵᠠᠪᠠᠯ ᠨᠠᠢ᠍ᠮᠠᠨ ᠮᠢᠯᠢᠯᠢᠲ᠋ᠷ ᠪᠣᠯᠭᠠᠨ ᠥᠰᠬᠡᠬᠦ ᠪᠣᠢ? ᠡᠨᠡ ᠰᠦᠪᠡᠭᠴᠢ ᠶ᠋ᠢ ᠠᠬᠢᠨ ᠳᠠᠬᠢᠨ ᠪᠣᠳᠣᠯᠬᠢᠯᠠᠭᠰᠠᠨ ᠤ᠋ ᠡᠴᠦᠰ ᠲᠦ᠍ ᠨᠠᠳᠠ ᠰᠠᠨᠠᠭᠠᠨ ᠠ᠋ᠴᠠ ᠭᠠᠳᠠᠨᠠᠬᠢ ᠨᠢᠭᠡ ᠵᠦᠢᠯ ᠦ᠋ᠨ ᠪᠣᠳᠣᠯ ᠣᠷᠣᠭᠤᠯᠪᠠ᠃ ᠨᠢᠭᠡ ᠪᠣᠯ Aᠭᠤᠷᠪᠠᠳᠤᠭᠠᠷ ᠢ᠋ ᠪᠠᠭ᠎ᠠ ᠵᠠᠷᠤᠪᠠᠯ ᠬᠥᠮᠦᠨ ᠦ᠌ ᠠᠮᠢᠨ ᠳ᠋ᠤ᠌ ᠬᠦᠷᠳᠡᠭ ᠦᠭᠡᠢ ᠪᠠᠢᠵᠤ ᠮᠡᠳᠡᠨ᠎ᠡ᠃ ᠡᠰᠡᠪᠡᠯ ᠡᠦ ᠹᠧᠩ ᠮᠧᠢ ᠶᠢᠨ ᠰᠡᠮᠡᠬᠡᠷ ᠥᠭᠭᠦᠭᠰᠡᠨ ᠡᠮ ᠦ᠋ᠨ ᠬᠡᠮᠵᠢᠶ᠎ᠡ ᠶ᠋ᠢ ᠲᠡᠷᠡ ᠮᠡᠳᠡᠬᠦ ᠦᠭᠡᠢ ᠪᠣᠯᠬᠣᠷ ᠲᠡᠭᠦᠨ ᠦ᠌ ᠲᠥᠯᠥᠭᠡ ᠶᠠᠯ᠎ᠠ ᠡᠭᠦᠷᠬᠦ ᠪᠡᠷ ᠢᠯᠡᠭᠦᠦ ᠨᠡᠮᠡᠵᠦ ᠬᠡᠯᠡᠵᠦ ᠪᠠᠢᠬᠤ ᠮᠠᠭᠠᠳ ᠦᠭᠡᠢ᠃ ᠪᠢ ᠡᠨᠡ ᠬᠦ᠌ ᠶᠠᠪᠤᠳᠠᠯ ᠢ᠋ ᠣᠨᠣᠪᠴᠢᠲᠠᠢ ᠲᠣᠳᠣᠷᠬᠠᠢᠯᠠᠬᠤ ᠪᠠᠷ ᠡᠮᠨᠡᠯᠭᠡ ᠶ᠋ᠢᠨ ᠰᠤᠳᠤᠯᠭᠠᠲᠠᠨ ᠬᠠᠨ ᠠᠪᠤᠭᠠᠢ ᠪᠠᠷ Aᠭᠤᠷᠪᠠᠳᠤᠭᠠᠷ᠂ B ᠵᠢᠷᠭᠤᠳᠤᠭᠠᠷ ᠤ᠋ᠨ ᠴᠢᠨᠠᠷ ᠪᠣᠯᠤᠨ ᠵᠠᠷᠤᠬᠤ ᠬᠡᠮᠵᠢᠶ᠎ᠡ ᠬᠣᠣᠷᠳᠠᠭᠳᠠᠬᠤ ᠴᠠᠭ᠂ ᠢᠯᠡᠷᠡᠯ ᠪᠠᠢᠳᠠᠯ ᠢ᠋ ᠨᠣᠬᠠᠢ ᠳ᠋ᠤ᠌ ᠲᠤᠷᠰᠢᠯᠲᠠ ᠬᠢᠯᠭᠡᠪᠡ᠃ ᠨᠣᠬᠠᠢ ᠳ᠋ᠤ᠌ ᠦᠵᠡᠭᠦᠯᠦᠭᠰᠡᠨ ᠦᠢᠯᠡᠳᠦᠯ ᠡᠴᠡ ᠦᠵᠡᠪᠡᠯ ᠡᠨᠡ ᠬᠣᠶᠠᠷ ᠵᠦᠢᠯ ᠦ᠋ᠨ ᠡᠮ ᠢ᠋ ᠨᠡᠢᠯᠡᠭᠦᠯᠦᠨ ᠨᠠᠢ᠍ᠮᠠᠨ ᠮᠢᠯᠢᠯᠢᠲ᠋ᠷ ᠵᠠᠷᠤᠪᠠᠯ ᠨᠣᠬᠠᠢ ᠨᠢᠭᠡ ᠬᠤᠭᠤᠴᠠᠭᠠᠨ ᠳ᠋ᠤ᠌ ᠭᠦᠢᠴᠡᠳ ᠮᠠᠨᠠᠷᠠᠵᠤ ᠮᠡᠳᠡᠷᠡᠯ ᠢ᠋ᠶ᠋ᠡᠨ ᠠᠯᠳᠠᠭᠰᠠᠨ ᠪᠠᠢᠳᠠᠯ ᠳ᠋ᠤ᠌ ᠣᠷᠣᠭᠠᠳ᠂ ᠨᠠᠭᠠᠳᠤ ᠵᠠᠬ᠎ᠠ ᠳᠤ ᠪᠠᠨ ᠬᠣᠶᠠᠷ ᠭᠤᠷᠪᠠᠨ ᠴᠠᠭ ᠤ᠋ᠨ ᠳᠠᠷᠠᠭ᠎ᠠ ᠵᠢᠷᠦᠬᠡ ᠨᠢ ᠠᠯᠭᠤᠷ ᠵᠣᠭᠰᠣᠨ ᠦᠬᠦᠬᠦ ᠪᠣᠯᠤᠨ᠎ᠠ ᠭᠡᠳᠡᠭ ᠢ᠋ ᠨᠤᠲᠠᠯᠠᠵᠠᠢ᠃ ᠭᠡᠲᠡᠯ᠎ᠡ ᠦᠵᠡᠰᠬᠦᠯᠡᠩ ᠴᠣᠬᠣᠮ ᠶᠠᠭᠠᠬᠢᠵᠤ ᠦᠬᠦᠭᠰᠡᠨ ᠪᠣᠢ? ᠲᠡᠭᠦᠨ ᠳ᠋ᠦ᠍ ᠡᠮ ᠳᠠᠷᠢᠮᠠᠭᠴᠠ ᠭᠠᠯᠵᠠᠭᠤᠷᠠᠮᠠᠷ ᠰᠠᠨᠳᠤᠷᠤᠭᠠᠳ ᠬᠠᠭᠠᠰ ᠴᠠᠭ ᠴᠦ᠍ ᠪᠣᠯᠤᠭ᠎ᠠ ᠦᠭᠡᠢ ᠦᠬᠦᠭᠰᠡᠨ ᠪᠠᠢᠨ᠎ᠠ᠃ ᠦᠨᠡᠨ ᠳᠦ ᠪᠡᠨ Aᠭᠤᠷᠪᠠᠳᠤᠭᠠᠷ ᠡᠨᠡᠬᠡᠨ ᠬᠣᠭᠣᠷᠣᠨᠳᠣ ᠦᠢᠯᠡᠳᠦᠯ ᠢ᠋ᠶ᠋ᠡᠨ ᠴᠦ᠍ ᠭᠦᠢᠴᠡᠳ ᠪᠠᠳᠠᠷᠠᠭᠤᠯᠵᠤ ᠴᠢᠳᠠᠬᠤ ᠦᠭᠡᠢ ᠶᠦᠮ᠃ ᠡᠨᠡ ᠡᠮ ᠬᠥᠮᠦᠨ ᠳ᠋ᠦ᠍ ᠮᠠᠰᠢ ᠲᠦᠷᠭᠡᠨ ᠦᠢᠯᠡᠳᠦᠯ ᠦᠵᠡᠭᠦᠯᠦᠭᠰᠡᠨ ᠦᠷ᠎ᠡ ᠳ᠋ᠦᠩ ᠨᠢ ᠮᠢᠨᠦ ᠬᠣᠯᠪᠣᠨ ᠪᠣᠳᠣᠬᠤ ᠬᠠᠷᠢᠴᠠᠭ᠎ᠠ ᠬᠣᠯᠪᠣᠭ᠎ᠠ ᠶ᠋ᠢ ᠥᠷᠭᠡᠳᠬᠡᠨ᠂ ᠤᠤᠯ ᠤ᠋ᠨ ᠨᠤᠲᠠᠯᠠᠯ ᠬᠢᠵᠠᠭᠠᠷᠯᠠᠯ ᠠ᠋ᠴᠠ ᠪᠠᠨ ᠳᠠᠪᠠᠵᠤ᠂ ᠦᠰᠦᠳ ᠣᠨᠳᠣᠣ ᠵᠦᠢᠴᠢᠯᠡᠯ ᠰᠡᠳᠬᠢᠮᠵᠢ ᠲᠡᠢ ᠪᠣᠯᠪᠠ᠃ ᠡᠩ ᠲᠡᠷᠢᠭᠦᠨ ᠳ᠋ᠦ᠍ ᠪᠠᠲᠤᠲᠠᠢ ᠵᠦᠢᠴᠢᠯᠡᠵᠦ ᠪᠣᠯᠬᠤ ᠨᠢ᠂ ᠪᠣᠯᠤᠷᠴᠠᠭᠠᠨ ᠡᠦ ᠹᠧᠩ ᠮᠧᠢ ᠶ᠋ᠢᠨ ᠲᠣᠬᠢᠷᠠᠭᠤᠯᠤᠭᠰᠠᠨ ᠡᠮ ᠢ᠋ ᠶᠠᠭ ᠮᠡᠳᠡᠬᠦ ᠦᠭᠡᠢ ᠪᠡᠷ ᠦᠵᠡᠰᠬᠦᠯᠡᠩ ᠳ᠋ᠦ᠍ ᠲᠠᠷᠢᠭᠰᠠᠨ ᠨᠢ ᠯᠠᠪᠲᠠᠢ᠃ ᠲᠡᠭᠡᠭᠡᠳ ᠮᠠᠷᠭᠠᠰᠢ ᠨᠢ ᠬᠣᠶᠠᠭᠤᠯᠠ ᠠᠭᠤᠯᠵᠠᠵᠤ ᠶᠠᠷᠢᠯᠴᠠᠬᠤ ᠳ᠋ᠤ᠌ ᠴᠠᠭ ᠤ᠋ᠨ ᠬᠠᠷᠠᠭ᠎ᠠ᠂ ᠣᠷᠴᠢᠨ ᠲᠣᠭᠣᠷᠢᠨ ᠤ᠋ ᠨᠥᠯᠥᠭᠡᠯᠡᠯ ᠡᠴᠡ ᠪᠣᠯᠵᠤ ᠵᠥᠪᠬᠡᠨ ᠶᠠᠮᠠᠷ ᠡᠮ ᠲᠣᠬᠢᠷᠠᠭᠤᠯᠤᠭᠰᠠᠨ ᠢ᠋ ᠶᠠᠷᠢᠯᠴᠠᠭᠰᠠᠨ ᠠ᠋ᠴᠠ ᠪᠢᠰᠢ᠂ ᠬᠡᠳᠦᠢ ᠲᠣᠬᠢᠷᠠᠭᠤᠯᠤᠭᠰᠠᠨ ᠢ᠋ ᠨᠠᠷᠢᠨ ᠶᠠᠷᠢᠯᠴᠠᠵᠤ ᠵᠠᠪᠳᠤᠭᠰᠠᠨ ᠦᠭᠡᠢ᠃ ᠬᠣᠵᠢᠮ ᠨᠢ ᠪᠣᠯᠤᠷᠴᠠᠭᠠᠨ ᠠ᠋ᠴᠠ ᠡᠮ ᠦ᠋ᠨ ᠬᠡᠮᠵᠢᠶ᠎ᠡ ᠶ᠋ᠢ ᠰᠢᠬᠠᠮᠳᠠᠭᠤᠯᠤᠨ ᠠᠰᠠᠭᠤᠬᠤ ᠳ᠋ᠤ᠌ ᠲᠡᠷᠡ ᠰᠠᠶᠢ ᠪᠠᠭ᠎ᠠ ᠵᠠᠷᠤᠪᠠᠯ ᠦᠬᠦᠬᠦ ᠦᠭᠡᠢ᠂ ᠶᠡᠬᠡ ᠵᠠᠷᠤᠯ᠎ᠠ ᠭᠡᠬᠦ ᠳ᠋ᠦ᠍ ᠬᠡᠳᠦᠢ ᠬᠡᠮᠵᠢᠶ᠎ᠡ ᠭᠡᠵᠦ ᠬᠡᠯᠡᠵᠦ ᠴᠢᠳᠠᠬᠤ ᠦᠭᠡᠢ ᠪᠠᠯᠢᠳᠠᠬᠤ ᠳᠤ ᠪᠠᠨA ᠭᠤᠷᠪᠠᠳᠤᠭᠠᠷ ᠤ᠋ᠨ ᠬᠡᠮᠵᠢᠶ᠎ᠡ ᠶ᠋ᠢ ᠬᠤᠳᠠᠯ ᠬᠠᠭᠤᠷᠮᠠᠭ ᠢ᠋ᠶ᠋ᠠᠷ ᠨᠡᠮᠡᠵᠦ ᠬᠡᠯᠡᠭᠡᠳ ᠠᠮᠠ ᠨᠡᠢᠯᠡᠭᠦᠯᠬᠦ ᠪᠡᠷ ᠪᠣᠳᠣᠵᠠᠢ᠃
— ᠪᠢ ᠡᠳᠡᠭᠡᠷ ᠢ᠋ ᠵᠦᠢᠴᠢᠯᠡᠭᠡᠳ ᠲᠡᠭᠦᠨ ᠢ᠋ ᠲᠠᠬᠢᠵᠤ ᠰᠢᠭᠦᠨ ᠪᠠᠢᠴᠠᠭᠠᠬᠤ ᠳᠤ ᠪᠠᠨ᠂ ᠬᠣᠷᠢᠭᠤᠯ ᠤ᠋ᠨ ᠭᠠᠵᠠᠷ ᠠᠭᠤᠯᠵᠠᠵᠤ ᠬᠣᠣᠷᠲᠤ ᠡᠮ ᠦ᠋ᠨ ᠲᠤᠬᠠᠢ ᠶᠠᠷᠢᠯᠴᠠᠭᠰᠠᠨ ᠢ᠋ ᠲᠤᠯᠭᠠᠨ ᠰᠢᠬᠠᠮᠳᠠᠭᠤᠯᠤᠭᠰᠠᠨ ᠢ᠋ᠶ᠋ᠠᠷ ᠦᠯᠦ ᠪᠠᠷᠠᠮ ᠲᠡᠳᠡᠨ ᠦ᠌ ᠬᠣᠭᠣᠷᠣᠨᠳᠣ ᠯᠠᠪᠲᠠᠢ ᠭᠠᠷ ᠬᠥᠯ ᠨᠡᠢᠯᠡᠭᠰᠡᠨ ᠬᠠᠷᠢᠴᠠᠭ᠎ᠠ ᠲᠠᠢ ᠭᠡᠵᠦ ᠰᠢᠭᠤᠳ ᠲᠤᠯᠭᠠᠭᠰᠠᠨ ᠶᠤᠮ᠃ ᠬᠡᠷᠪᠡ ᠣᠨᠴᠠᠭᠠᠢ ᠬᠠᠷᠢᠴᠠᠭ᠎ᠠ ᠪᠠ ᠠᠮᠢᠨ ᠳ᠋ᠤ᠌ ᠬᠣᠯᠪᠣᠭᠳᠠᠮᠠᠷ ᠵᠦᠢᠯ ᠪᠢᠰᠢ ᠪᠣᠯ ᠲᠡᠷᠡ ᠶᠠᠭᠤᠨ ᠳ᠋ᠤ᠌ ᠲᠡᠭᠡᠵᠦ ᠲᠣᠯᠣᠭᠠᠢ ᠪᠠᠷ ᠢ᠋ᠶ᠋ᠠᠨ ᠠᠷᠠᠯᠵᠢᠬᠤ ᠭᠡᠨᠡᠨ ᠬᠠᠷᠢᠭᠤᠴᠠᠯᠭ᠎ᠠ ᠡᠭᠦᠷᠬᠦ ᠪᠢᠯᠡ᠃
— ᠬᠣᠶᠠᠭᠤᠯᠠ ᠲᠡᠷᠡ ᠤᠳᠠᠭ᠎ᠠ ᠲᠡᠭᠦᠨ ᠢ᠋ ᠰᠢᠭᠦᠬᠦ ᠳ᠋ᠡᠭᠡᠨ ᠡᠮ ᠦ᠋ᠨ ᠬᠡᠮᠵᠢᠶ᠎ᠡ ᠬᠥᠮᠦᠨ ᠳ᠋ᠦ᠍ ᠥᠭᠬᠦ ᠦᠢᠯᠡᠳᠦᠯ ᠢ᠋ ᠭᠠᠷᠴᠠᠭ᠎ᠠ ᠦᠭᠡᠢ ᠲᠤᠯᠭᠠᠬᠤ ᠳ᠋ᠤ᠌ ᠪᠣᠯᠤᠷᠴᠠᠭᠠᠨ ᠠᠷᠭ᠎ᠠ ᠦᠭᠡᠢ ᠯᠡ᠄ 《ᠬᠥᠮᠦᠨ ᠬᠥᠮᠦᠨ ᠦ᠌ ᠪᠡᠶ᠎ᠡ ᠮᠠᠬᠠᠪᠣᠳ ᠤ᠋ᠨ ᠪᠦᠲᠦᠴᠡ᠂ ᠡᠮ ᠳ᠋ᠦ᠍ ᠬᠤᠣᠷᠳᠠᠭᠳᠠᠬᠤ ᠨᠢ ᠠᠳᠠᠯᠢ ᠦᠭᠡᠢ ᠪᠠᠢᠵᠤ ᠮᠡᠳᠡᠬᠦ》 ᠭᠡᠵᠦ ᠬᠠᠷᠢᠭᠤᠯᠬᠤ ᠳ᠋ᠤ᠌ ᠠᠢᠬᠤᠪᠲᠤᠷ ᠭᠤᠨᠢᠭᠰᠢᠵᠤ ᠪᠣᠳᠣᠯᠭᠠᠰᠢᠷᠠᠵᠤ ᠪᠠᠢᠭ᠎ᠠ ᠪᠠᠢᠳᠠᠯ ᠬᠠᠷᠠᠴᠠᠨ ᠳ᠋ᠤᠨᠢ ᠲᠣᠳᠣᠷᠠᠵᠤ ᠪᠠᠢᠭᠰᠠᠨ ᠰᠢᠦ᠃
— ᠮᠢᠨᠦ ᠬᠣᠶᠠᠳᠤᠭᠠᠷ ᠵᠦᠢᠴᠢᠯᠡᠯ ᠪᠣᠯ ᠦᠵᠡᠰᠬᠦᠯᠡᠩ ᠦ᠋ᠨ ᠦᠬᠦᠭᠰᠡᠨ ᠰᠢᠨᠵᠢ ᠪᠠᠢᠳᠠᠯ ᠨᠢ Aᠭᠤᠷᠪᠠᠳᠤᠭᠠᠷ ᠪᠣᠯᠤᠨB ᠵᠢᠷᠭᠤᠳᠤᠭᠠᠷ ᠨᠡᠢᠯᠡᠨ ᠤᠷᠪᠠᠯ ᠡᠭᠦᠰᠦᠭᠰᠡᠨ ᠬᠣᠣᠷᠳᠠᠭᠳᠠᠯ ᠪᠢᠰᠢ ᠪᠣᠯ ᠥᠭᠡᠷ᠎ᠡ ᠬᠣᠣᠷᠲᠤ ᠡᠮ ᠵᠠᠷᠤᠭᠰᠠᠨ ᠭᠡᠵᠦ ᠰᠡᠵᠢᠭᠯᠡᠭᠰᠡᠨ᠃ ᠡᠨᠡ ᠰᠡᠵᠢᠭᠯᠡᠯ ᠳᠦ ᠪᠡᠨ ᠪᠢ ᠨᠢᠭᠡ ᠬᠤᠭᠤᠴᠠᠭ᠎ᠠ ᠡᠷᠡᠭᠡᠯᠵᠡᠵᠦ᠂ ᠥᠩᠭᠡᠷᠡᠦ ᠡᠮᠵᠡᠭ ᠡᠷᠢᠵᠦ ᠪᠠᠢᠭ᠎ᠠ ᠪᠣᠯᠪᠠ ᠤᠤ ᠭᠡᠵᠦ ᠪᠣᠳᠣᠯᠬᠢᠯᠠᠵᠤ ᠥᠩᠭᠡᠷᠡᠭᠰᠡᠨ᠃ ᠭᠡᠲᠡᠯ᠎ᠡ ᠠᠵᠢᠯ ᠤ᠋ᠨ ᠬᠠᠷᠢᠭᠤᠴᠠᠯᠭ᠎ᠠ ᠶ᠋ᠢᠨ ᠡᠭᠦᠳᠡᠨ ᠡᠴᠡ ᠵᠣᠷᠢᠭ ᠰᠢᠭᠤᠳᠤᠨ ᠦᠵᠡᠰᠬᠦᠯᠡᠩ ᠦ᠋ᠨ ᠬᠡᠭᠦᠷ ᠢ᠋ ᠳᠠᠬᠢᠨ ᠨᠢᠭᠤᠴᠠ ᠪᠠᠷ ᠪᠠᠢᠴᠠᠭᠠᠬᠤ ᠪᠠᠷ ᠲᠥᠯᠥᠪᠯᠡᠵᠦ᠂ ᠦᠶᠡᠷᠬᠡᠨ ᠢᠲᠡᠭᠡᠳᠡᠭ ᠬᠠᠨ 《ᠠᠰᠠᠷ》 ᠲᠤ ᠪᠠᠨ ᠡᠨᠡ ᠡᠭᠦᠷᠭᠡ ᠶ᠋ᠢ ᠳᠠᠭᠠᠭᠠᠯᠭᠠᠭᠰᠠᠨ ᠪᠢᠯᠡ᠃ ᠢᠩᠭᠢᠭᠡᠳ ᠦᠵᠡᠰᠬᠦᠯᠡᠩ ᠦ᠋ᠨ ᠬᠡᠭᠦᠷ ᠢ᠋ ᠳᠠᠬᠢᠨ ᠲᠤᠶᠠᠴᠢᠨ ᠪᠠᠢᠴᠠᠭᠠᠭᠰᠠᠨ ᠤ᠋ ᠦᠷ᠎ᠡ ᠳ᠋ᠦᠩ᠁ ᠭᠡᠲᠡᠯ᠎ᠡ ᠣᠷᠣᠢ ᠶ᠋ᠢᠨ ᠬᠣᠭᠣᠯᠠᠨ ᠤ᠋ ᠵᠢᠩᠭᠢᠨᠡᠮ᠎ᠡ ᠬᠣᠩᠬᠣᠨ ᠳᠠᠭᠤᠨ ᠲᠡᠭᠦᠨ ᠦ᠌ ᠶᠠᠷᠢᠶ᠎ᠠ ᠶ᠋ᠢ ᠲᠠᠰᠤᠯᠪᠠ᠃
ᠤᠩᠰᠢᠭᠰᠠᠨ ᠨᠢ᠄ ᠴᠡᠴᠡᠭᠮ᠎ᠠ
