ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠲᠠᠪᠤ> Хялгасан дөрөөн дээр – Хасвулаг зохиов <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠲᠠᠪᠤ> Хялгасан дөрөөн дээр – Хасвулаг зохиов <5>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠲᠠᠪᠤ> Хялгасан дөрөөн дээр – Хасвулаг зохиов <5>

ᠠᠩᠭᠢᠯᠠᠯ:ᠲᠤᠭᠤᠵᠢ ᠷᠣᠮᠠᠨ
2025-12-26

179

ᠬᠢᠯᠭᠠᠰᠤᠨ ᠳᠥᠷᠥᠭᠡᠨ ᠳᠡᠭᠡᠷ᠎ᠡ ᠎- < ᠲᠠᠪᠤ >


               ᠲᠠᠪᠤ 

       ᠲᠦᠪᠰᠢᠨ᠂ ᠠᠯᠪᠠᠨ ᠭᠡᠷ ᠲᠡᠭᠡᠨ ᠭᠠᠭᠴᠠᠭᠠᠷ ᠢ᠋ᠶ᠋ᠠᠨ ᠨᠡᠯᠢᠶᠡᠳ ᠤᠳᠠᠭᠠᠨ ᠪᠣᠳᠣᠯᠭ᠎ᠠ ᠪᠣᠯᠤᠨ ᠰᠠᠭᠤᠭᠰᠠᠨ ᠢ᠋ᠶ᠋ᠠᠨ ᠨᠢᠭᠡ ᠶ᠋ᠢ ᠰᠢᠢᠳᠴᠢᠬᠡᠯ᠎ᠡ ᠪᠣᠯᠤᠯᠲᠠᠢ᠂ ᠡᠭᠦᠳᠡ ᠪᠡᠨ ᠳᠣᠲᠣᠷ᠎ᠠ ᠠ᠋ᠴᠠ ᠪᠠᠨ ᠣᠨᠢᠰᠤᠯᠠᠵᠤ᠂ ᠰᠢᠷᠡᠭᠡᠨ ᠳᠡᠭᠡᠷ᠎ᠡ ᠪᠡᠨ ᠴᠠᠭᠠᠰᠤ ᠭᠠᠷᠭᠠᠵᠤ ᠲᠠᠯᠪᠢᠭᠠᠳ᠄

ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠳ᠋ᠤ᠌᠄ 
       ᠲᠠᠨ ᠤ᠋ ᠬᠣᠷᠢᠶᠠᠨ ᠠ᠋ᠴᠠ ᠬᠢᠨᠠᠨ ᠵᠥᠪᠰᠢᠶᠡᠷᠡᠭᠰᠡᠨ ᠠᠯᠠᠬᠤ ᠶᠠᠯᠠᠲᠠᠨ ᠪᠣᠯᠤᠷᠴᠠᠭᠠᠨ ᠥᠨᠥᠳᠥᠷ ᠦᠳᠡ ᠶ᠋ᠢᠨ ᠡᠮᠦᠨ᠎ᠡ ᠠᠷᠪᠠᠨ ᠴᠠᠭ ᠬᠠᠭᠠᠰ ᠲᠤ᠌ ᠴᠠᠭᠠᠵᠠ ᠶ᠋ᠢᠨ ᠲᠠᠯᠠᠪᠠᠢ ᠳ᠋ᠤ᠌ ᠬᠦᠷᠭᠡᠭᠳᠡᠨ ᠰᠢᠭᠦᠨ ᠲᠠᠰᠤᠯᠤᠯᠲᠠ ᠶ᠋ᠢ ᠬᠡᠷᠡᠭᠵᠢᠭᠦᠯᠬᠦ ᠶ᠋ᠢᠨ ᠡᠮᠦᠨᠡᠬᠡᠨ ᠬᠢᠯᠢᠰ ᠬᠠᠰᠬᠢᠷᠤᠨ ᠮᠠᠨᠠᠷᠠᠨ ᠤᠨᠠᠵᠠᠢ᠃ ᠮᠠᠨ ᠤ᠋ ᠬᠣᠷᠢᠶ᠎ᠠ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠷᠡᠭᠦᠦ ᠶ᠋ᠢᠨ ᠵᠠᠷᠭᠤ ᠶ᠋ᠢᠨ ᠬᠠᠤᠯᠢ》 ᠶ᠋ᠢᠨ ᠬᠠᠮᠢᠶ᠎ᠠ ᠪᠦᠬᠦᠢ ᠲᠣᠭᠲᠠᠭᠠᠯ ᠵᠤᠷᠪᠤᠰ ᠶᠣᠰᠣᠭᠠᠷ ᠵᠠᠷᠯᠢᠭ ᠪᠠᠭᠤᠯᠭᠠᠨ ᠴᠠᠭᠠᠵᠠ ᠶ᠋ᠢᠨ ᠲᠠᠯᠠᠪᠠᠢ ᠠ᠋ᠴᠠ ᠲᠦᠷ ᠪᠤᠴᠠᠭᠠᠪᠠ᠃ 
       ᠠᠩᠬ᠎ᠠ ᠤᠳᠠᠭᠠᠨ ᠤ᠋ ᠰᠢᠭᠦᠯᠲᠡ ᠪᠡᠷ ᠤᠤᠯ ᠬᠡᠷᠡᠭ ᠲᠦ᠋ᠨᠢ ᠢᠯᠡᠷᠬᠡᠢ ᠪᠤᠷᠤᠭᠤᠳᠠᠭᠰᠠᠨ ᠭᠠᠵᠠᠷ ᠦᠭᠡᠢ᠃ ᠶᠠᠯᠠᠲᠠᠨ ᠪᠣᠯᠤᠷᠴᠠᠭᠠᠨ ᠴᠤ᠌ ᠤᠭ ᠠᠮᠠᠨ ᠥᠴᠢᠭ ᠢ᠋ᠶ᠋ᠡᠨ ᠬᠤᠪᠢᠷᠠᠭᠤᠯᠤᠭᠰᠠᠨ ᠦᠭᠡᠢ᠃ ᠭᠡᠲᠡᠯ᠎ᠡ ᠤᠤᠯ ᠡᠪᠬᠡᠮᠡᠯ ᠪᠣᠯᠤᠨ ᠭᠡᠷᠡᠴᠢ ᠪᠠᠷᠢᠮᠲᠠ ᠶ᠋ᠢ ᠨᠠᠷᠢᠨ ᠬᠢᠨᠠᠵᠤ ᠦᠵᠡᠪᠡᠯ ᠪᠣᠯᠤᠷᠴᠠᠭᠠᠨ ᠤ᠋ ᠡᠬᠡᠨᠡᠷ ᠢ᠋ᠶ᠋ᠡᠨ ᠠᠯᠠᠬᠤ ᠦᠵᠡᠯ ᠰᠠᠨᠠᠭᠠᠨ ᠤ᠋ ᠰᠠᠭᠤᠷᠢ ᠪᠡᠯᠡᠳᠬᠡᠯ ᠲᠣᠳᠣᠷᠬᠠᠢ ᠪᠤᠰᠤ᠂ ᠠᠯᠠᠭᠰᠠᠨ ᠠᠷᠭ᠎ᠠ ᠮᠠᠶᠢᠭ ᠨᠢ ᠴᠤ᠌ ᠶᠠᠮᠠᠷ ᠴᠤ᠌ ᠪᠡᠯᠡᠳᠬᠡᠯ ᠵᠣᠷᠢᠯᠭ᠎ᠠ ᠦᠭᠡᠢ ᠰᠢᠭ ᠪᠠᠢᠬᠤ ᠪᠠ ᠶᠠᠯᠠᠲᠠᠨ ᠤ᠋ ᠠᠮᠠᠨ ᠥᠴᠢᠭ ᠲᠤᠨᠢ ᠴᠤ᠌ ᠦᠨᠡᠨ ᠲᠡᠢ ᠬᠠᠷᠭᠤᠬᠤ ᠦᠭᠡᠢ ᠵᠦᠢᠯ ᠣᠷᠣᠰᠢᠵᠤ ᠪᠠᠢᠨ᠎ᠠ᠃ 
       ᠪᠢᠳᠡᠨ ᠦ᠌ ᠦᠵᠡᠬᠦ ᠪᠡᠷ ᠨᠢᠭᠡ ᠠᠯᠠᠬᠤ ᠶᠠᠯᠠᠲᠠᠨ ᠤ᠋ ᠰᠢᠭᠦᠬᠦ ᠲᠠᠰᠤᠯᠤᠯᠲᠠ ᠶ᠋ᠢ ᠡᠷᠲᠡ ᠨᠢᠭᠡ ᠡᠳᠦᠷ ᠬᠡᠷᠡᠭᠵᠢᠭᠦᠯᠬᠦ ᠪᠣᠯᠤᠨ ᠣᠷᠣᠢ ᠨᠢᠭᠡ ᠡᠳᠦᠷ ᠬᠡᠷᠡᠭᠵᠢᠭᠦᠯᠬᠦ ᠳ᠋ᠦ᠍ ᠬᠠᠤᠯᠢ ᠳ᠋ᠤ᠌ ᠬᠠᠷᠰᠢᠯᠠᠬᠤ ᠭᠠᠵᠠᠷ ᠦᠭᠡᠢ᠃ ᠬᠠᠷᠢᠨ ᠬᠥᠮᠦᠨ ᠢ᠋ ᠬᠢᠯᠢᠰ ᠠᠯᠠᠴᠢᠬᠠᠪᠠᠯ ᠲᠠᠬᠢᠵᠤ ᠴᠠᠭᠠᠳᠬᠠᠬᠤ ᠭᠡᠭᠴᠢ ᠳᠠᠩᠴᠤ ᠪᠡᠷᠬᠡ ᠶᠠᠪᠤᠳᠠᠯ ᠪᠣᠯᠤᠨ᠎ᠠ᠃ 
       ᠮᠠᠨ ᠤ᠋ ᠬᠣᠷᠢᠶ᠎ᠠ ᠬᠠᠤᠯᠢ ᠴᠠᠭᠠᠵᠠ ᠶ᠋ᠢᠨ ᠡᠷᠬᠡ ᠬᠦᠨᠳᠦ ᠶ᠋ᠢ ᠬᠠᠮᠠᠭᠠᠯᠠᠨ ᠡᠨᠡ ᠬᠦ᠌ ᠬᠢᠯᠢᠰ ᠬᠠᠰᠬᠢᠷᠤᠭᠰᠠᠨ ᠠᠮᠢᠨ ᠬᠡᠷᠡᠭ ᠢ᠋ ᠵᠠᠪᠠᠯ ᠡᠬᠢᠨ ᠡᠴᠡ ᠨᠢ ᠳᠠᠭᠤᠰᠲᠠᠯ᠎ᠠ ᠳᠠᠬᠢᠨ ᠨᠢᠭᠡ ᠤᠳᠠᠭ᠎ᠠ ᠨᠠᠷᠢᠨ ᠨᠢᠮᠪᠠᠢ ᠮᠥᠷᠳᠡᠨ ᠪᠠᠢᠴᠠᠭᠠᠬᠤ ᠪᠠᠷ ᠲᠣᠭᠲᠠᠯ᠎ᠠ᠃ 
       ᠳᠡᠭᠡᠳᠦ ᠱᠠᠲᠤ ᠬᠢᠨᠠᠨ ᠦᠵᠡᠭᠡᠳ ᠡᠷᠡᠭᠦᠦ ᠬᠡᠷᠡᠭᠵᠢᠭᠦᠯᠬᠦ ᠬᠤᠭᠤᠴᠠᠭ᠎ᠠ ᠶ᠋ᠢ ᠨᠢᠭᠡ ᠰᠠᠷ᠎ᠠ ᠬᠣᠢᠰᠢᠯᠠᠭᠤᠯᠵᠤ ᠥᠭᠬᠦ ᠪᠣᠯᠪᠠ ᠤᠤ᠃
                           ᠲᠦᠮᠡᠨᠨᠠᠰᠤᠲᠤ ᠬᠣᠲᠠ ᠶ᠋ᠢᠨ ᠠᠷᠠᠳ ᠤ᠋ᠨ 
                           ᠳᠤᠮᠳᠠ ᠵᠡᠷᠭᠡ ᠶ᠋ᠢᠨ ᠰᠢᠭᠦᠬᠦ ᠬᠣᠷᠢᠶ᠎ᠠ 

ᠭᠡᠵᠦ ᠪᠢᠴᠢᠯ᠎ᠡ᠃ 
       ᠲᠦᠪᠰᠢᠨ ᠲᠤᠰ ᠬᠣᠷᠢᠶ᠎ᠠ ᠪᠠᠨ ᠲᠥᠯᠥᠭᠡᠯᠡᠨ ᠪᠣᠯᠤᠷᠴᠠᠭᠠᠨ ᠳ᠋ᠤ᠌ ᠠᠯᠠᠬᠤ ᠶᠠᠯ᠎ᠠ ᠶ᠋ᠢ ᠬᠡᠷᠡᠭᠵᠢᠭᠦᠯᠬᠦ ᠶ᠋ᠢ ᠬᠣᠢᠰᠢᠯᠠᠭᠤᠯᠬᠤ ᠪᠠᠷ ᠪᠢᠴᠢᠭᠰᠡᠨ ᠭᠤᠶᠤᠴᠢᠯᠠᠯ ᠢ᠋ᠶ᠋ᠠᠨ ᠲᠦᠷᠭᠡᠨ ᠴᠠᠬᠢᠯᠭᠠᠨ ᠢ᠋ᠶ᠋ᠠᠷ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠳ᠋ᠤ᠌ ᠮᠡᠳᠡᠭᠳᠡᠬᠦ ᠪᠡᠷ ᠬᠠᠤᠯᠢ ᠶ᠋ᠢᠨ ᠪᠢᠴᠢᠭᠡᠴᠢ ᠬᠥᠬᠡᠳᠤᠯᠢ ᠳ᠋ᠤ᠌ ᠭᠠᠷᠳᠠᠭᠤᠯᠤᠨ ᠳᠠᠷᠤᠢᠬᠠᠨ ᠶᠠᠪᠤᠭᠤᠯᠬᠤ ᠶ᠋ᠢ ᠱᠠᠭᠠᠷᠳᠠᠪᠠ᠃ 
       ᠪᠢᠴᠢᠭᠡᠴᠢ ᠶ᠋ᠢ ᠭᠠᠷᠤᠭᠰᠠᠨ ᠤ᠋ ᠳᠠᠷᠠᠭ᠎ᠠ᠂ ᠲᠦᠪᠰᠢᠨ ᠡᠯᠳᠡᠪ ᠡᠭᠡᠳᠡᠷᠡᠭᠡᠨ ᠡᠪᠬᠡᠷᠡᠯᠳᠦᠭᠡᠨ ᠲᠡᠢ ᠭᠦᠨ ᠪᠣᠳᠣᠯ ᠲᠥᠰᠦᠭᠡᠯᠡᠯ ᠳ᠋ᠦ᠍ ᠣᠷᠣᠵᠠᠢ᠃  
       ᠲᠡᠷᠡ ᠪᠣᠯ ᠣᠶᠤᠨ ᠤᠬᠠᠭᠠᠨ ᠢ᠋ᠶ᠋ᠠᠨ ᠭᠦᠢᠴᠡᠳ ᠲᠥᠪᠯᠡᠷᠡᠭᠦᠯᠦᠭᠰᠡᠨ ᠦᠶ᠎ᠡ ᠳ᠋ᠦ᠍ ᠣᠷᠴᠢᠨ ᠲᠣᠭᠣᠷᠢᠨ ᠳ᠋ᠠᠭᠠᠨ ᠨᠥᠯᠥᠭᠡᠯᠡᠭᠳᠡᠬᠦ ᠦᠭᠡᠢ ᠬᠥᠮᠦᠨ ᠪᠠᠢᠵᠠᠢ᠃ 
       ᠠᠰᠠᠷ ᠤ᠋ᠨ ᠭᠤᠲᠤᠮ ᠢ᠋ᠶ᠋ᠠᠷ ᠶᠠᠪᠤᠬᠤ ᠬᠥᠮᠦᠰ ᠦ᠋ᠨ ᠬᠥᠯ ᠦ᠋ᠨ ᠴᠢᠮᠡᠭᠡ᠂ ᠴᠣᠩᠬᠣᠨ ᠴᠠᠭᠠᠨ᠎ᠠ ᠠ᠋ᠴᠠ ᠳᠤᠭᠤᠯᠳᠠᠬᠤ ᠵᠡᠭᠡᠯᠢ ᠶ᠋ᠢᠨ ᠱᠤᠤᠭᠢᠶᠠᠨ᠂ ᠲᠡᠷᠭᠡᠨ ᠦ᠌ ᠪᠦᠷᠢᠶᠡᠲᠦᠬᠦ ᠪᠤᠶᠤ ᠳᠦᠩᠭᠢᠨᠡᠬᠦ ᠰᠢᠷᠦᠭᠦᠨ ᠳᠠᠭᠤ ᠲᠡᠭᠦᠨ ᠦ᠌ ᠭᠦᠨ ᠪᠣᠳᠣᠯ ᠢ᠋ ᠥᠴᠦᠬᠡᠨ ᠴᠤ᠌ ᠠᠯᠭᠠᠰᠠᠭᠤᠯᠵᠤ ᠴᠢᠳᠠᠭᠰᠠᠨ ᠦᠭᠡᠢ᠃ ᠦᠳᠡ ᠶ᠋ᠢᠨ ᠡᠮᠦᠨ᠎ᠡ ᠡᠴᠡ ᠣᠳᠣ ᠬᠦᠷᠲᠡᠯ᠎ᠡ ᠲᠦᠪᠰᠢᠨ ᠦ᠌ ᠲᠠᠷᠢᠬᠢᠨ ᠳ᠋ᠤ᠌ ᠪᠣᠯᠤᠷᠴᠠᠭᠠᠨ ᠤ᠋ ᠬᠡᠷᠡᠭ ᠦ᠋ᠨ ᠠᠷᠤ ᠬᠣᠶᠢᠨ᠎ᠠ ᠨᠢ ᠶᠠᠮᠠᠷ ᠨᠢᠭᠡᠨ ᠵᠦᠢᠯ ᠦ᠋ᠨ ᠴᠢᠳᠬᠥᠷ ᠪᠠᠢᠨ᠎ᠠ ᠭᠡᠰᠡᠨ ᠬᠡᠢ ᠲᠠᠭᠠᠮᠠᠭᠯᠠᠯ ᠡᠷᠭᠢᠯᠳᠦᠭᠡᠳ᠂ ᠠᠯᠢᠪᠠ ᠪᠣᠳᠣᠯ ᠰᠡᠳᠬᠢᠴᠡ ᠶ᠋ᠢ ᠨᠢ ᠰᠦᠷᠡᠬᠡᠢ ᠡᠵᠡᠯᠡᠵᠦ ᠪᠠᠢᠯ᠎ᠠ᠃ 
       ᠡᠳᠡᠭᠡᠷ ᠨᠢ ᠠᠵᠢᠯ ᠲᠤᠬᠠᠢᠯᠠᠯ ᠠ᠋ᠴᠠ ᠨᠢ ᠠᠶᠠᠨᠳᠠᠭᠠᠨ ᠪᠣᠢ ᠪᠣᠯᠤᠭᠰᠠᠨ ᠵᠠᠩᠰᠢᠯ ᠠ᠋ᠴᠠ ᠪᠣᠯᠪᠠ ᠤᠤ ᠭᠡᠮᠡᠨ ᠥᠪᠡᠷ ᠦ᠋ᠨ ᠬᠡᠢ ᠲᠠᠭᠠᠮᠠᠭᠯᠠᠯ ᠢ᠋ᠶ᠋ᠠᠨ ᠢᠲᠡᠭᠡᠬᠦ ᠦᠭᠡᠢ ᠪᠣᠳᠣᠯ ᠬᠠᠶᠠ ᠣᠷᠣᠬᠤ ᠪᠣᠯᠪᠠᠴᠤ ᠡᠨᠡ ᠬᠦ᠌ ᠡᠰᠢ ᠪᠠᠷᠢᠮᠲᠠ ᠪᠠᠨ ᠠᠷᠠᠢᠬᠠᠨ ᠣᠯᠤᠭᠠᠳᠤᠢ ᠰᠡᠵᠢᠭ ᠲᠠᠭᠠᠮᠠᠭᠯᠠᠯ ᠢ᠋ᠶ᠋ᠠᠨ ᠳᠣᠣᠷ᠎ᠠ ᠨᠢ ᠣᠷᠬᠢᠭᠠᠳ᠂ ᠰᠡᠳᠬᠢᠴᠡ ᠶ᠋ᠢᠨ ᠵᠣᠪᠠᠯᠠᠩ ᠠ᠋ᠴᠠ ᠮᠤᠯᠲᠤᠷᠠᠨ ᠰᠠᠯᠬᠤ ᠰᠠᠨᠠᠭ᠎ᠠ ᠣᠳᠣᠬᠠᠨ ᠳ᠋ᠤ᠌ ᠪᠠᠢᠭᠰᠠᠨ ᠦᠭᠡᠢ᠃ 
       ᠳᠠᠯᠳᠠ ᠬᠡᠷᠡᠭ ᠢ᠋ ᠴᠠᠭᠠᠷᠠᠭᠤᠯᠬᠤ ᠶ᠋ᠢᠨ ᠨᠢᠭᠤᠴᠠ ᠣᠨᠢᠰᠣ ᠨᠢ ᠶᠠᠪᠤᠭᠰᠠᠭᠠᠷ ᠪᠠᠢᠭᠠᠳ ᠰᠡᠵᠢᠭ ᠲᠥᠰᠦᠭᠡᠯᠡᠯ ᠪᠣᠯᠤᠨ᠎ᠠ ᠭᠡᠳᠡᠭ ᠢ᠋ ᠲᠡᠷᠡ ᠪᠠᠲᠤ ᠢᠲᠡᠭᠡᠳᠡᠭ ᠶᠦᠮ᠃ ᠡᠢᠮᠦ ᠳᠤ ᠪᠠᠨ ᠲᠦᠪᠰᠢᠨ ᠭᠤᠸᠠᠢ ᠥᠪᠡᠷ ᠦ᠋ᠨ ᠲᠠᠭᠠᠮᠠᠭᠯᠠᠯ ᠢ᠋ᠶ᠋ᠠᠨ ᠵᠠᠭᠤᠷᠠᠨ ᠰᠡᠳᠬᠢᠵᠦ ᠥᠴᠦᠬᠡᠨ ᠲᠡᠳᠦᠢ ᠴᠤ᠌ ᠭᠡᠰᠡᠨ ᠡᠰᠢ ᠪᠠᠷᠢᠮᠲᠠ ᠣᠯᠬᠤ ᠪᠠᠷ ᠡᠬᠢᠨ ᠦ᠌ ᠱᠠᠲᠤ ᠪᠣᠯᠭᠠᠬᠤ ᠶᠣᠰᠣᠲᠠᠢ ᠭᠡᠵᠦ ᠦᠵᠡᠵᠡᠢ᠃ 
       ᠬᠡᠳᠦᠨ ᠰᠠᠷ᠎ᠠ ᠶ᠋ᠢᠨ ᠡᠮᠦᠨ᠎ᠡ ᠪᠣᠯᠤᠷᠴᠠᠭᠠᠨ ᠤ᠋ ᠬᠥᠮᠦᠨ ᠠᠯᠠᠭᠰᠠᠨ ᠬᠡᠷᠡᠭ ᠦ᠋ᠨ ᠡᠪᠬᠡᠮᠡᠯ ᠭᠡᠭᠴᠢ ᠨᠢᠮᠭᠡᠨ ᠪᠣᠷᠣ ᠬᠠᠪᠲᠠᠰᠤ ᠲᠠᠢ᠂ ᠭᠠᠷ ᠢ᠋ᠶ᠋ᠠᠷ ᠬᠠᠲᠠᠭᠰᠠᠨ ᠬᠣᠶᠠᠷ ᠳᠡᠪᠲᠡᠷ ᠰᠢᠭᠦᠬᠦ ᠬᠣᠷᠢᠶᠠᠨ ᠳ᠋ᠤ᠌ ᠰᠢᠯᠵᠢᠵᠦ ᠢᠷᠡᠵᠡᠢ᠃ ᠳᠣᠲᠣᠷ᠎ᠠ ᠨᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠣᠯᠠᠨ ᠲᠠᠯ᠎ᠠ ᠶ᠋ᠢᠨ ᠲᠢᠭ ᠲᠠᠭ ᠶᠠ‍ᠪ ᠴᠠ‍ᠪ ᠪᠣᠯᠤᠭᠰᠠᠨ ᠭᠡᠷᠡᠴᠢ ᠪᠠᠷᠢᠮᠲᠠ ᠲᠠᠢ ᠮᠥᠷᠲᠡᠭᠡᠨ ᠪᠠᠢᠴᠠᠭᠠᠬᠤ ᠬᠣᠷᠢᠶᠠᠨ ᠤ᠋ ᠵᠢᠩᠬᠢᠨᠢ ᠪᠢᠴᠢᠭ ᠮᠠᠲ᠋ᠧᠷᠢᠶᠠᠯ ᠤ᠋ᠨ ᠲᠣᠭ᠎ᠠ ᠳ᠋ᠤᠭᠠᠷᠯᠠᠯ ᠲᠠᠢ ᠵᠠᠭᠠᠯᠳᠤᠯᠭ᠎ᠠ ᠶ᠋ᠢᠨ ᠪᠢᠴᠢᠭ ᠪᠠᠢᠬᠤ ᠶ᠋ᠢ ᠲᠦᠪᠰᠢᠨ ᠭᠤᠸᠠᠢ ᠨᠠᠷᠢᠨ ᠨᠢᠮᠪᠠᠢ ᠬᠢᠨᠠᠨ ᠦᠵᠡᠭᠡᠳ᠂ ᠡᠪᠬᠡᠮᠡᠯ ᠬᠦᠯᠢᠶᠡᠵᠦ ᠠᠪᠤᠭᠰᠠᠨ ᠭᠠᠷ ᠤ᠋ᠨ ᠦᠰᠦᠭ ᠵᠢᠷᠤᠭᠰᠠᠨ ᠪᠠᠢᠨ᠎ᠠ᠃ 
       ᠢᠩᠭᠢᠭᠡᠳ ᠲᠡᠷᠡ ᠬᠥᠬᠡᠳᠤᠯᠢ ᠳ᠋ᠤ᠌ ᠡᠪᠬᠡᠮᠡᠯ ᠢ᠋ ᠲᠤᠰᠢᠶᠠᠨ ᠬᠠᠷᠢᠭᠤᠴᠠᠭᠤᠯᠤᠨ ᠰᠢᠭᠦᠯᠭᠡᠵᠡᠢ᠃ 
       ᠰᠠᠷ᠎ᠠ ᠭᠠᠷᠤᠢ ᠪᠣᠯᠤᠭᠠᠳ ᠰᠢᠭᠦᠬᠦ ᠬᠣᠷᠢᠶᠠᠨ ᠤ᠋ ᠪᠠᠢᠴᠠᠭᠠᠨ ᠮᠥᠷᠳᠡᠯᠲᠡ ᠢᠯᠡ ᠰᠢᠭᠦᠯᠲᠡ ᠪᠦᠷ ᠢᠯᠭᠤᠮ ᠤᠷᠤᠭᠰᠢᠲᠠᠢ ᠥᠩᠭᠡᠷᠡᠯ᠎ᠡ᠃ 
       ᠰᠢᠭᠦᠨ ᠲᠠᠰᠤᠯᠤᠯᠲᠠ ᠪᠠᠭᠤᠬᠤ ᠶ᠋ᠢᠨ ᠡᠮᠦᠨ᠎ᠡ ᠲᠦᠪᠰᠢᠨ ᠳᠠᠬᠢᠨ ᠭᠠᠷ ᠤ᠋ᠨ ᠦᠰᠦᠭ ᠵᠢᠷᠤᠵᠤ ᠡᠨᠡ ᠡᠪᠬᠡᠮᠡᠯ ᠢ᠋ ᠪᠤᠴᠠᠭᠠᠨ ᠠᠪᠴᠢᠷᠠᠵᠤ ᠳᠠᠪᠲᠠᠨ ᠪᠠᠢᠴᠠᠭᠠᠵᠠᠢ᠃ 
       ᠲᠡᠭᠦᠨ ᠦ᠌ ᠢᠩᠭᠢᠵᠦ ᠬᠢᠵᠦ ᠪᠠᠢᠬᠤ ᠨᠢ ᠳᠣᠣᠷᠠᠬᠢ ᠠᠵᠢᠯᠲᠠᠨ ᠢ᠋ᠶ᠋ᠠᠨ ᠢᠲᠡᠭᠡᠬᠦ ᠦᠭᠡᠢ ᠪᠠᠢᠭ᠎ᠠ ᠪᠢᠰᠢ᠂ ᠬᠠᠷᠢᠨ ᠠᠮᠢ ᠨᠠᠰᠤᠨ ᠳ᠋ᠤ᠌ ᠬᠣᠯᠪᠣᠭᠳᠠᠭᠰᠠᠨ ᠬᠡᠷᠡᠭ ᠳᠡᠭᠡᠷ᠎ᠡ ᠬᠢᠯᠭᠠᠰᠤᠨ ᠲᠡᠳᠦᠢ ᠠᠯᠭᠠᠰᠠᠬᠤ ᠨᠢ ᠠᠵᠢᠯ ᠤ᠋ᠨ ᠬᠠᠷᠢᠭᠤᠴᠠᠯᠭ᠎ᠠ ᠳᠡᠭᠡᠷ᠎ᠡ ᠠᠭᠤᠴᠢᠯᠠᠭᠳᠠᠰᠢ ᠦᠭᠡᠢ ᠠᠯᠳᠠᠭ᠎ᠠ ᠲᠠᠢ ᠶᠠᠪᠤᠳᠠᠯ ᠭᠡᠵᠦ ᠦᠵᠡᠳᠡᠭ ᠡᠴᠡ ᠪᠣᠯᠵᠠᠢ᠃  ᠲᠡᠷᠡ ᠬᠡᠷᠡᠭ ᠦ᠋ᠨ ᠡᠪᠬᠡᠮᠡᠯ ᠢ᠋ ᠠᠪᠤᠭᠠᠳ ᠥᠷᠯᠥᠭᠡ ᠡᠷᠲᠡ᠂ ᠦᠳᠡᠰᠢ ᠶ᠋ᠢᠨ ᠰᠡᠯᠡᠭᠦᠨ ᠢ᠋ ᠠᠰᠢᠭᠯᠠᠨ ᠵᠡᠭᠦᠦ ᠰᠦᠪᠡᠯᠡᠬᠦ ᠰᠢᠭ ᠪᠠᠢᠴᠠᠭᠠᠵᠤ ᠦᠵᠡᠵᠡᠢ᠃ ᠪᠣᠯᠤᠷᠴᠠᠭᠠᠨ ᠤ᠋ ᠬᠡᠷᠡᠭ ᠦ᠋ᠨ ᠡᠪᠬᠡᠮᠡᠯ ᠳ᠋ᠦ᠍ ᠴᠤᠭᠯᠠᠭᠤᠯᠤᠭᠰᠠᠨ ᠭᠡᠷᠡᠴᠢ ᠪᠠᠷᠢᠮᠲᠠ ᠭᠠᠢᠭᠤᠢ ᠪᠦᠷᠢᠨ ᠲᠡᠭᠦᠯᠳᠡᠷ ᠪᠠᠢᠯ᠎ᠠ᠃  ᠬᠠᠭᠤᠳᠠᠰᠤ ᠳᠠᠷᠠᠭᠠᠯᠠᠨ ᠦᠵᠡᠭᠰᠡᠨ ᠦ᠌ ᠳ᠋ᠦᠩ ᠳ᠋ᠦ᠍ ᠡᠷᠢᠵᠦ ᠭᠠᠷᠭᠠᠮᠠᠷ ᠢᠯᠡᠷᠬᠡᠢ ᠡᠮᠵᠡᠭ ᠪᠠᠢᠭᠰᠠᠨ ᠦᠭᠡᠢ᠃ ᠭᠠᠭᠴᠠ ᠬᠦ᠌ ᠡᠬᠡᠨᠡᠷ ᠢ᠋ᠶ᠋ᠡᠨ ᠶᠠᠭᠤᠨ ᠳ᠋ᠤ᠌ ᠠᠯᠠᠭᠰᠠᠨ ᠵᠣᠷᠢᠯᠭ᠎ᠠ ᠨᠢ ᠡᠳᠦᠢ ᠲᠡᠳᠦᠢ ᠪᠠᠯᠠᠷᠬᠠᠢ ᠶ᠋ᠢ ᠭᠠᠷᠭᠠᠪᠠᠯ ᠪᠤᠰᠤᠳ ᠵᠦᠢᠯ ᠨᠢ ᠪᠦᠷ ᠦᠨᠡᠨ ᠮᠠᠭᠠᠳ ᠪᠠᠢᠵᠤ᠂ ᠡᠷᠡᠭᠦᠦ ᠬᠡᠷᠡᠭᠵᠢᠭᠦᠯᠬᠦ ᠳ᠋ᠦ᠍ ᠡᠷᠡᠭᠡᠯᠵᠡᠵᠦ ᠲᠠᠲᠠᠭᠠᠯᠵᠠᠮᠠᠷ ᠵᠦᠢᠯ ᠦᠭᠡᠢ ᠪᠠᠢᠯ᠎ᠠ᠃  
       ᠬᠡᠳᠦᠨ ᠡᠳᠦᠷ ᠦ᠋ᠨ ᠳᠠᠷᠠᠭ᠎ᠠ ᠲᠢᠩᠬᠢᠮ ᠦ᠋ᠨ ᠳᠠᠷᠤᠭ᠎ᠠ ᠶ᠋ᠢᠨ ᠭᠠᠷ ᠤ᠋ᠨ ᠦᠰᠦᠭ ᠪᠣᠯᠤᠷᠴᠠᠭᠠᠨ ᠢ᠋ ᠠᠯᠠᠬᠤ ᠰᠢᠭᠦᠨ ᠲᠠᠰᠤᠯᠤᠯᠲᠠ ᠳᠡᠭᠡᠷ᠎ᠡ ᠣᠰᠣᠯ ᠦᠭᠡᠢ ᠵᠤᠷᠠᠢᠵᠠᠢ᠃ 
       ᠰᠠᠷ᠎ᠠ ᠶ᠋ᠢᠨ ᠳᠠᠷᠠᠭ᠎ᠠ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠲᠤᠰᠬᠠᠢ ᠲᠣᠮᠢᠯᠠᠭᠰᠠᠨ ᠰᠢᠭᠦᠭᠴᠢ ᠢᠷᠡᠵᠦ ᠪᠣᠯᠤᠷᠴᠠᠭᠠᠨ ᠲᠠᠢ ᠠᠭᠤᠯᠵᠠᠨ᠂ ᠤᠤᠯ ᠬᠡᠷᠡᠭ ᠦ᠋ᠨ ᠭᠡᠷᠡᠴᠢ ᠪᠠᠷᠢᠮᠲᠠ ᠶ᠋ᠢ ᠬᠠᠷᠢᠴᠠᠭᠤᠯᠤᠨ ᠬᠢᠨᠠᠬᠤ ᠳ᠋ᠤ᠌ ᠲᠦᠪᠰᠢᠨ ᠭᠤᠸᠠᠢ ᠬᠠᠵᠠᠭᠤ ᠳ᠋ᠤᠨᠢ ᠪᠠᠢᠵᠠᠢ᠃ ᠳᠡᠭᠡᠳᠦ ᠵᠡᠷᠭᠡ ᠶ᠋ᠢᠨ ᠬᠣᠷᠢᠶᠠᠨ ᠤ᠋ ᠲᠤᠰᠬᠠᠢ ᠰᠢᠭᠦᠭᠴᠢ ᠨᠠᠷ ᠤ᠋ᠨ ᠬᠠᠤᠯᠢ ᠳ᠋ᠤ᠌ ᠬᠠᠷᠢᠭᠤᠴᠠᠬᠤ ᠨᠠᠷᠢᠨ ᠬᠢᠨᠠᠮᠠᠭᠠᠢ ᠰᠢᠭᠦᠯᠲᠡ ᠶ᠋ᠢᠨ ᠡᠮᠦᠨ᠎ᠡ ᠪᠣᠯᠤᠷᠴᠠᠭᠠᠨ ᠤ᠋ ᠨᠢᠯᠪᠤᠰᠤ ᠮᠡᠯᠲᠡᠭᠡᠨᠡᠭᠰᠡᠨ ᠬᠣᠶᠠᠷ ᠨᠢᠳᠦᠨ ᠡᠴᠡ ᠵᠥᠪᠬᠡᠨ ᠲᠦᠪᠡᠭᠰᠢᠶᠡᠵᠦ ᠬᠠᠯᠠᠰᠢᠷᠠᠭᠰᠠᠨ ᠬᠠᠷᠠᠴᠠ ᠳᠠᠬᠢᠨ ᠳᠠᠬᠢᠨ ᠢᠯᠡᠷᠡᠬᠦ ᠨᠢ ᠲᠡᠭᠦᠨ ᠳ᠋ᠦ᠍ ᠪᠠᠬᠠᠨ ᠣᠨᠳᠣᠣ ᠰᠠᠨᠠᠭᠳᠠᠵᠠᠢ᠃  
       ᠡᠨᠡ ᠬᠦ᠌ ᠬᠠᠯᠠᠰᠢᠷᠠᠭᠰᠠᠨ ᠬᠠᠷᠠᠴᠠ ᠨᠢ ᠲᠡᠭᠦᠨ ᠦ᠌ ᠰᠡᠳᠬᠢᠯ ᠳ᠋ᠦ᠍ ᠬᠣᠨᠣᠭᠰᠢᠭᠰᠠᠭᠠᠷ ᠪᠠᠢᠵᠤ᠂ ᠥᠨᠥᠳᠥᠷ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠠ᠋ᠴᠠ ᠪᠠᠭᠤᠯᠭᠠᠭᠰᠠᠨ ᠪᠣᠯᠤᠷᠴᠠᠭᠠᠨ ᠳ᠋ᠤ᠌ ᠠᠯᠠᠬᠤ ᠡᠷᠡᠭᠦᠦ ᠬᠡᠷᠡᠭᠵᠢᠭᠦᠯᠬᠦ ᠶ᠋ᠢ ᠬᠢᠨᠠᠨ ᠵᠥᠪᠰᠢᠶᠡᠷᠡᠭᠰᠡᠨ ᠲᠠᠰᠤᠯᠤᠯᠲᠠ ᠶ᠋ᠢ ᠵᠠᠪᠠᠯ ᠪᠡᠶ᠎ᠡ ᠪᠡᠷ ᠢ᠋ᠶ᠋ᠡᠨ ᠨᠡᠢᠲᠡᠯᠡᠬᠦ ᠳ᠋ᠦ᠍ ᠬᠦᠷᠦᠭᠦᠯᠵᠡᠢ᠃  
       ᠰᠠᠨᠠᠭᠠᠨ ᠠ᠋ᠴᠠ ᠭᠠᠳᠠᠨ᠎ᠠ ᠥᠨᠥᠳᠥᠷ ᠦ᠋ᠨ ᠴᠠᠭᠠᠵᠠ ᠶ᠋ᠢᠨ ᠲᠠᠯᠠᠪᠠᠢ ᠳ᠋ᠠᠬᠢ ᠭᠡᠨᠡᠳᠲᠡ ᠶ᠋ᠢᠨ ᠬᠠᠰᠬᠢᠷᠤᠯᠲᠠ ᠲᠡᠭᠦᠨ ᠦ᠌ ᠤᠤᠯ ᠡᠷᠡᠭᠡᠯᠵᠡᠯ ᠢ᠋ ᠨᠡᠮᠡᠭᠳᠡᠭᠦᠯᠦᠨ ᠳᠠᠬᠢᠨ ᠮᠥᠷᠳᠡᠬᠦ ᠵᠣᠷᠢᠭ ᠰᠢᠭᠤᠳᠤᠭᠤᠯᠵᠠᠢ᠃ ᠵᠥᠷᠢᠭᠦᠳ ᠵᠣᠷᠢᠭ ᠲᠠᠢ ᠬᠥᠮᠦᠨ ᠢ᠋ ᠤᠯᠤᠰ ᠤ᠋ᠳ ᠪᠢᠰᠢᠷᠡᠵᠦ ᠬᠦᠨᠳᠦᠳᠬᠡᠬᠦ ᠨᠢ ᠪᠠᠷᠤᠭ ᠪᠦᠷ ᠪᠣᠢ ᠪᠦᠬᠦᠢ ᠬᠦᠴᠦ ᠬᠥᠯᠥᠰᠥ ᠪᠡᠨ ᠰᠢᠪᠬᠠᠭᠠᠳ ᠦᠢᠯᠡᠰ ᠪᠦᠲᠦᠭᠡᠭᠰᠡᠨ ᠦ᠌ ᠬᠢᠨᠢ ᠳᠠᠷᠠᠭ᠎ᠠ ᠪᠠᠢᠳᠠᠭ᠃ ᠲᠡᠭᠦᠨ ᠡᠴᠡ ᠡᠮᠦᠨᠡᠬᠢ ᠠᠯᠬᠤᠮ ᠪᠦᠷᠢ ᠶ᠋ᠢᠨ ᠴᠢᠷᠮᠠᠢᠯᠭ᠎ᠠ ᠳ᠋ᠤᠨᠢ ᠣᠯᠠᠩᠬᠢ ᠬᠥᠮᠦᠨ ᠪᠦᠷ ᠬᠥᠢᠲᠡᠮᠰᠦᠭ ᠴᠢᠷᠠᠢ᠂ ᠭᠢᠯᠠᠢᠬᠤ ᠬᠠᠷᠠᠴᠠ ᠪᠠᠷ ᠬᠠᠨᠳᠤᠳᠠᠭ᠃ ᠥᠪᠡᠷ ᠢ᠋ᠶ᠋ᠡᠨ ᠴᠤ᠌ ᠬᠢᠴᠢᠶᠡᠬᠦ ᠦᠭᠡᠢ ᠪᠣᠯ ᠠᠯᠬᠤᠮ ᠪᠦᠷᠢ ᠳᠤ ᠪᠠᠨ ᠪᠦᠳᠦᠷᠢᠮᠡᠷ ᠬᠦᠴᠢᠷ ᠲᠣᠬᠢᠶᠠᠯᠳᠤᠳᠠᠭ᠃ 
       ᠪᠣᠯᠤᠷᠴᠠᠭᠠᠨ ᠤ᠋ ᠬᠡᠷᠡᠭ ᠳᠡᠭᠡᠷ᠎ᠡ ᠲᠡᠷᠡ ᠰᠠᠯᠠᠭ᠎ᠠ ᠵᠠᠮ ᠤ᠋ᠨ ᠠᠭᠤᠯᠵᠠᠷ ᠳᠡᠭᠡᠷ᠎ᠡ ᠵᠣᠭᠰᠣᠭᠠᠳ ᠬᠠᠮᠢᠭᠠᠰᠢ ᠪᠠᠨ ᠶᠠᠪᠤᠬᠤ ᠪᠠᠨ ᠦᠳᠲᠡᠷ ᠲᠦᠷᠭᠡᠨ ᠰᠣᠩᠭᠣᠬᠤ ᠬᠡᠷᠡᠭᠲᠡᠢ ᠪᠠᠢᠯ᠎ᠠ᠃  ᠲᠡᠭᠦᠨ ᠦ᠌ ᠡᠭᠡᠳᠡᠷᠡᠨ ᠪᠤᠳᠤᠯᠢᠶᠠᠨᠰᠢᠭᠰᠠᠨ ᠪᠣᠳᠣᠯ ᠤ᠋ᠨ ᠲᠥᠪᠯᠡᠷᠡᠯ ᠨᠢ ᠪᠣᠯᠤᠷᠴᠠᠭᠠᠨ ᠶᠠᠭᠤᠨ ᠳ᠋ᠤ᠌ ᠡᠬᠡᠨᠡᠷ ᠢ᠋ᠶ᠋ᠡᠨ ᠬᠣᠣᠷᠯᠠᠭᠰᠠᠨ ᠪᠣᠢ ᠭᠡᠳᠡᠭ ᠠᠰᠠᠭᠤᠯᠲᠠ ᠳ᠋ᠤ᠌ ᠲᠤᠰᠴᠠᠢ᠃ ᠡᠨᠡ ᠠᠰᠠᠭᠤᠯᠲᠠ ᠲᠡᠢᠮᠦ ᠲᠣᠳᠣᠷᠬᠠᠢ ᠦᠭᠡᠢ᠃ ᠶᠠᠯᠠᠲᠠᠨ ᠢ᠋ ᠶᠠᠭᠠᠬᠢᠵᠤ ᠰᠢᠬᠠᠵᠤ ᠠᠰᠠᠭᠤᠭᠰᠠᠨ ᠴᠤ᠌ ᠬᠠᠢᠷ᠎ᠠ ᠳᠤᠷᠠᠯᠠᠯ ᠡᠪᠳᠡᠷᠡᠭᠡᠳ ᠰᠠᠯᠬᠤ ᠦᠭᠡᠢ ᠪᠣᠯᠬᠤ ᠪᠠᠷ ᠠᠯᠠᠭᠰᠠᠨ ᠭᠡᠬᠦ ᠡᠴᠡ ᠴᠢᠨᠠᠭᠰᠢ ᠬᠠᠷᠢᠭᠤᠯᠬᠤ ᠦᠭᠡ ᠦᠭᠡᠢ᠃  ᠡᠭᠦᠨ ᠢ᠋ ᠢᠲᠡᠭᠡᠬᠦ ᠦᠭᠡᠢ ᠭᠡᠬᠦᠯ᠎ᠡ ᠲᠡᠷᠡ ᠶᠠᠯ᠎ᠠ ᠪᠠᠨ ᠥᠴᠢᠭᠯᠡᠨ ᠵᠥᠪᠰᠢᠶᠡᠷᠡᠵᠦ᠂ ᠥᠴᠦᠬᠡᠨ ᠴᠤ᠌ ᠡᠷᠡᠭᠡᠯᠵᠡᠯ ᠦᠭᠡᠢ ᠶᠠᠯ᠎ᠠ ᠪᠠᠨ ᠡᠭᠦᠷᠭᠡᠯᠡᠨ᠂ ᠠᠮᠢ ᠶ᠋ᠢ ᠠᠮᠢ ᠪᠠᠷ ᠲᠥᠯᠥᠬᠦ ᠰᠢᠢᠳᠬᠡᠯ ᠦ᠋ᠨ ᠬᠦᠨᠳᠦ ᠶ᠋ᠢ ᠬᠦᠯᠢᠶᠡᠵᠦ᠂ ᠬᠡᠯᠡᠭᠰᠡᠨ ᠢ᠋ᠶ᠋ᠡᠨ ᠵᠠᠯᠭᠢᠬᠤ ᠦᠭᠡᠢ ᠪᠠᠢᠬᠤ ᠶ᠋ᠢ ᠰᠡᠵᠢᠭᠯᠡᠬᠦ ᠭᠡᠭᠴᠢ ᠨᠡᠭᠡᠷᠡᠨ ᠢᠯᠡᠭᠦᠴᠡ ᠬᠡᠷᠡᠭ ᠪᠢᠰᠢ ᠤᠤ? ᠪᠣᠯᠤᠷᠴᠠᠭᠠᠨ ᠤ᠋ ᠬᠡᠷᠡᠭ ᠲᠦ᠍ ᠪᠦᠷᠢᠨ ᠲᠡᠭᠦᠯᠳᠡᠷ ᠭᠡᠷᠡᠴᠢ ᠪᠠᠷᠢᠮᠲᠠ ᠪᠣᠢ᠃  ᠡᠭᠦᠨ ᠦ᠌ ᠰᠠᠭᠤᠷᠢ ᠳᠡᠭᠡᠷ᠎ᠡ ᠡᠯ᠎ᠡ ᠬᠣᠷᠢᠶᠠᠨ ᠤ᠋ ᠣᠨᠴᠠᠭᠠᠢ ᠴᠢᠳᠠᠪᠤᠷᠢ ᠬᠥᠮᠦᠵᠢᠯ ᠬᠦᠷᠲᠡᠭᠰᠡᠨ ᠤᠷᠢᠳᠴᠢᠯᠠᠨ ᠰᠢᠭᠦᠭᠴᠢ ᠨᠠᠷ ᠣᠯᠠᠨ ᠤᠳᠠᠭ᠎ᠠ ᠰᠢᠭᠦᠯᠲᠡ ᠬᠢᠭᠰᠡᠨ ᠪᠣᠯᠪᠠᠴᠤ ᠦ ᠰᠦᠪᠡᠭᠴᠢ ᠰᠡᠵᠢᠭ ᠡᠷᠡᠭᠡᠯᠵᠡᠯ ᠣᠯᠤᠭᠰᠠᠨ ᠦᠭᠡᠢ ᠬᠡᠷᠡᠭ ᠲᠦ᠍ ᠳᠠᠬᠢᠭᠠᠳ ᠰᠢᠨ᠎ᠡ ᠡᠮᠵᠡᠭ ᠢᠯᠡᠷᠡᠬᠦ ᠭᠡᠵᠢ ᠤᠤ ? 
       ᠬᠥᠮᠦᠨ ᠶᠠᠭᠤ ᠪᠠᠨ ᠴᠤ᠌ ᠬᠠᠢᠷᠠᠯᠠᠬᠤ ᠦᠭᠡᠢ ᠪᠠᠢᠵᠤ ᠪᠣᠯᠤᠨ᠎ᠠ᠃  ᠭᠡᠲᠡᠯ᠎ᠡ ᠠᠮᠢ ᠨᠠᠰᠤ ᠪᠠᠨ ᠶᠠᠭᠠᠬᠢᠭᠰᠠᠨ ᠴᠤ᠌ ᠬᠠᠢᠷᠠᠯᠠᠬᠤ ᠶᠣᠰᠣᠲᠠᠢ᠃  ᠬᠡᠨ ᠤᠴᠢᠷ ᠰᠢᠯᠲᠠᠭᠠᠨ ᠦᠭᠡᠢ ᠪᠡᠷ ᠲᠣᠰᠣᠨ ᠲᠣᠭᠣᠭᠠᠨ ᠳ᠋ᠤ᠌ ᠦᠰᠦᠷᠴᠦ ᠬᠢᠯᠢᠰ ᠢ᠋ᠶ᠋ᠡᠷ ᠦᠬᠦᠬᠦ ᠶ᠋ᠢ ᠬᠦᠰᠡᠬᠦ ᠪᠣᠢ?
       ᠠᠶᠤᠬᠤ ᠳᠤ ᠪᠠᠨ ᠬᠢᠯᠢᠰ ᠬᠠᠰᠬᠢᠷᠤᠯ᠎ᠠ ᠭᠡᠪᠡᠯ ᠲᠡᠷᠡ ᠪᠠᠰᠠ ᠢᠲᠡᠭᠡᠬᠦ ᠦᠭᠡᠢ ᠰᠢᠭ᠃ ᠡᠳᠦᠢ ᠴᠢᠨᠡᠭᠡᠨ ᠡᠳᠦᠷ ᠠᠮᠠᠨ ᠥᠴᠢᠭ ᠢ᠋ᠶ᠋ᠡᠨ ᠪᠠᠲᠤᠯᠠᠨ ᠲᠤᠰᠢᠶᠠᠭᠰᠠᠭᠠᠷ ᠢᠷᠡᠭᠰᠡᠨ ᠬᠥᠮᠦᠨ ᠭᠡᠨᠡᠳᠲᠡ ᠬᠤᠪᠢᠷᠠᠭᠰᠠᠨ ᠨᠢ ᠶᠠᠮᠠᠷ ᠨᠢᠭᠡ ᠨᠢᠭᠤᠴᠠ ᠰᠢᠯᠲᠠᠭᠠᠨ ᠦᠭᠡᠢ ᠭᠡᠵᠢ ᠤᠤ? ᠪᠣᠯᠤᠷᠴᠠᠭᠠᠨ ᠬᠡᠷᠪᠡ ᠨᠢᠭᠡ ᠬᠣᠶᠠᠷ ᠰᠸᠺᠦ᠋ᠨ᠋ᠳ᠋ ᠳᠤᠭᠤᠢ ᠪᠠᠢᠭᠰᠠᠨ ᠪᠣᠯ ᠳᠠᠷᠤᠢ ᠥᠨᠢᠳᠡ ᠳᠤᠭᠤᠢ ᠪᠣᠯᠴᠢᠬᠠᠬᠤ ᠪᠠᠢᠭᠰᠠᠨ᠃ 
       ᠭᠡᠲᠡᠯ᠎ᠡ ᠡᠨᠡ ᠬᠦ᠌ ᠪᠠᠴᠢᠮ ᠵᠠᠩᠭᠢᠯᠠᠭ᠎ᠠ ᠶ᠋ᠢᠨ ᠦᠶ᠎ᠡ ᠳ᠋ᠦ᠍ ᠬᠠᠰᠢ ᠯᠠ ᠲᠡᠰᠴᠦ ᠴᠢᠳᠠᠭᠰᠠᠨ ᠦᠭᠡᠢ ᠬᠠᠰᠬᠢᠷᠤᠭᠰᠠᠨ ᠨᠢ ᠠᠷᠠᠢ ᠨᠢᠭᠡ ᠠᠶᠤᠭᠰᠠᠨ ᠠ᠋ᠴᠠ ᠪᠢᠰᠢ ᠰᠢᠭ?  ᠭᠠᠳᠠᠭᠠᠳᠤ ᠰᠢᠯᠲᠠᠭᠠᠨ ᠨᠥᠬᠥᠴᠡᠯ ᠦᠭᠡᠢ ᠭᠡᠵᠦ ᠬᠡᠨ ᠢᠲᠡᠭᠡᠬᠦ ᠪᠣᠢ? ᠢᠯᠠᠩᠭᠤᠶ᠎ᠠ ᠤᠲᠠᠰᠤ ᠪᠠᠷ ᠬᠠᠷᠢᠯᠴᠠᠵᠤ ᠪᠠᠶᠢᠭᠠᠳ ᠨᠡᠷ᠎ᠡ ᠪᠡᠨ ᠨᠢᠭᠤᠭᠰᠠᠨ ᠲᠡᠷᠡ ᠡᠮᠡᠭᠲᠡᠢ ᠶ᠋ᠢᠨ ᠠᠰᠠᠭᠤᠯᠲᠠ ᠨᠤᠭᠤᠳ ᠲᠦᠪᠰᠢᠨ ᠳ᠋ᠦ᠍ ᠡᠯᠳᠡᠪ ᠰᠡᠵᠢᠭ ᠨᠡᠮᠡᠭᠳᠡᠭᠦᠯᠪᠡ᠃ 
        ᠠ!  ᠡᠨᠡ ᠬᠡᠷᠡᠭ ᠶᠡᠷᠦ ᠨᠢ ᠠᠢᠬᠤᠪᠲᠤᠷ ᠪᠤᠳᠤᠯᠢᠶᠠᠨᠲᠠᠢ ᠪᠠᠢᠵᠤ ᠮᠡᠳᠡᠨ᠎ᠡ ᠭᠡᠰᠡᠨ ᠥᠭᠡᠷ᠎ᠡ ᠨᠢᠭᠡᠨ ᠪᠣᠳᠣᠯ ᠲᠦᠪᠰᠢᠨ ᠦ᠌ ᠳᠣᠲᠣᠷ᠎ᠠ ᠭᠡᠨᠡᠳᠲᠡ ᠲᠥᠷᠥᠭᠳᠡᠯ᠎ᠡ᠃ 

               ᠤᠩᠰᠢᠭᠰᠠᠨ ᠨᠢ᠄ ᠴᠡᠴᠡᠭᠮ᠎ᠠ