ᠬᠢᠯᠭᠠᠰᠤᠨ ᠳᠥᠷᠥᠭᠡᠨ ᠳᠡᠭᠡᠷᠡ - < ᠵᠢᠷᠭᠤᠭᠠ >
ᠲᠦᠪᠰᠢᠨ ᠭᠤᠸᠠᠢ ᠠᠷᠠᠳ ᠤ᠋ᠨ ᠳᠡᠭᠡᠳᠦ ᠰᠢᠭᠦᠬᠦ ᠬᠣᠷᠢᠶᠠᠨ ᠠ᠋ᠴᠠ ᠪᠣᠯᠤᠷᠴᠠᠭᠠᠨ ᠳ᠋ᠤ᠌ ᠡᠷᠡᠭᠦᠦ ᠬᠡᠷᠡᠭᠵᠢᠭᠦᠯᠬᠦ ᠶ᠋ᠢ ᠬᠣᠢᠰᠢᠯᠠᠭᠤᠯᠤᠭᠰᠠᠨ ᠲᠠᠮᠠᠭᠠᠲᠤ ᠪᠢᠴᠢᠭ ᠢ᠋ ᠭᠠᠷᠲᠠᠭᠰᠠᠨ ᠨᠢ ᠲᠦᠷᠭᠡᠨ ᠴᠠᠬᠢᠯᠭᠠᠨ ᠶᠠᠪᠤᠭᠤᠯᠤᠭᠰᠠᠨ ᠤ᠋ ᠳᠠᠷᠠᠭᠠᠬᠢ ᠭᠤᠷᠪᠠᠳᠤᠭᠠᠷ ᠡᠳᠦᠷ ᠨᠢ ᠪᠠᠢᠯᠠ᠃
ᠬᠠᠤᠯᠢ ᠪᠠᠷ ᠪᠣᠯ ᠶᠠᠯᠠᠲᠠᠨ ᠤ᠋ ᠬᠡᠷᠡᠭ ᠢ᠋ ᠳᠠᠬᠢᠨ ᠮᠥᠷᠳᠡᠨ ᠪᠠᠢᠴᠠᠭᠠᠬᠤ ᠴᠢᠬᠤᠯᠠ ᠲᠠᠢ ᠪᠣᠯᠪᠠᠯ ᠬᠦᠯᠢᠶᠡᠨ ᠬᠡᠷᠡᠭᠵᠢᠭᠦᠯᠬᠦ ᠪᠠᠢᠭᠤᠯᠭᠠ ᠨᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠ ᠶᠤᠮ᠃
ᠭᠡᠲᠡᠯᠡ ᠪᠣᠯᠤᠷᠴᠠᠭᠠᠨ ᠤ᠋ ᠬᠡᠷᠡᠭ ᠦ᠋ᠨ ᠤᠤᠯ ᠭᠡᠷᠡᠴᠢ ᠪᠠᠷᠢᠮᠲᠠ ᠨᠢ ᠬᠤᠪᠢᠷᠠᠯᠲᠠ ᠦᠭᠡᠢ᠂ ᠠᠮᠠᠨ ᠥᠴᠢᠭ ᠲᠤᠨᠢ ᠴᠤ᠌ ᠡᠷᠭᠢᠯᠲᠡ ᠭᠠᠷᠤᠭᠰᠠᠨ ᠦᠭᠡᠢ ᠡᠴᠡ ᠡᠪᠬᠡᠮᠡᠯ ᠪᠤᠴᠠᠭᠠᠨ ᠳᠠᠬᠢᠨ ᠪᠠᠢᠴᠠᠭᠠᠯᠭᠠᠬᠤ ᠶ᠋ᠢ ᠲᠡᠳᠡ ᠬᠦᠯᠢᠶᠡᠬᠦ ᠦᠭᠡᠢ ᠶᠦᠮ᠃
ᠤᠤᠯ ᠪᠠᠢᠴᠠᠭᠠᠯᠲᠠ ᠪᠠᠨ ᠪᠠᠷᠢᠮᠲᠠᠯᠠᠨ᠂ ᠡᠷᠡᠭᠦᠦ ᠶ᠋ᠢ ᠵᠣᠭᠰᠣᠭᠠᠭᠠᠳ ᠦᠷᠭᠦᠯᠵᠢᠯᠡᠨ ᠮᠥᠷᠳᠡᠨ ᠪᠠᠢᠴᠠᠭᠠᠬᠤ ᠲᠣᠭᠲᠠᠭᠠᠯ ᠳ᠋ᠤ᠌ ᠰᠡᠵᠢᠭ ᠲᠡᠢ ᠪᠠᠢᠬᠤ ᠨᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠳᠡᠳ᠋ ᠳᠠᠷᠤᠭᠠ ᠯᠢᠦ ᠸᠧᠨ ᠰᠢᠶᠠᠩ ᠤ᠋ᠨ ᠬᠥᠬᠡ ᠪᠦᠯᠲᠡᠭᠡᠷ ᠨᠢᠳᠦᠨ ᠡᠴᠡ ᠢᠯᠡᠬᠡᠨ ᠮᠡᠳᠡᠭᠳᠡᠵᠦ ᠪᠠᠢᠯᠠ᠃ ᠲᠡᠭᠦᠨ ᠦ᠌ ᠪᠠᠢᠴᠠᠭᠠᠬᠤ ᠡᠭᠦᠷᠭᠡ ᠶ᠋ᠢ ᠲᠦᠪᠰᠢᠨ ᠥᠪᠡᠷ ᠢ᠋ᠶ᠋ᠡᠨ ᠬᠠᠷᠢᠭᠤᠴᠠᠬᠤ ᠪᠣᠯᠤᠭᠠᠳ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠠ᠋ᠴᠠ ᠳᠡᠮᠵᠢᠯᠭᠡ ᠭᠤᠶᠤᠭᠰᠠᠨ ᠤ᠋ ᠬᠠᠷᠢᠭᠤ ᠳ᠋ᠤ᠌ ᠲᠣᠪ ᠳᠤᠭᠤᠢ ᠰᠠᠭᠤᠬᠤ ᠲᠣᠪᠴᠢᠶᠠᠨ ᠳᠠᠷᠤᠭᠠ ᠶ᠋ᠢᠨ ᠬᠥᠬᠡ ᠴᠡᠩᠬᠡᠷ ᠨᠢᠳᠦ ᠨᠢ ᠴᠠᠪᠴᠢᠯ ᠦᠭᠡᠢ ᠭᠢᠯᠠᠯᠵᠠᠨᠠ᠃
ᠲᠦᠪᠰᠢᠨ ᠳᠣᠲᠣᠷᠠ ᠪᠠᠨ ᠡᠷᠡᠭᠦᠦ ᠬᠣᠢᠰᠢᠯᠠᠭᠤᠯᠤᠭᠰᠠᠨ ᠠ᠋ᠴᠠ ᠲᠣᠪᠴᠢᠶᠠᠨ ᠳᠠᠷᠤᠭᠠ ᠮᠠᠨᠢ ᠢᠩᠭᠢᠵᠦ ᠠᠭᠤᠷᠯᠠᠵᠤ ᠪᠠᠢᠬᠠ ᠭᠡᠵᠦ ᠪᠣᠳᠣᠭᠰᠠᠨ ᠨᠢ ᠪᠤᠷᠤᠭᠤᠳᠴᠠᠢ᠃
ᠡᠨᠡ ᠳᠠᠷᠤᠭᠠ ᠤᠤᠯ ᠠ᠋ᠴᠠ ᠪᠠᠨ ᠬᠥᠮᠦᠨ ᠢ᠋ ᠶᠡᠬᠡ ᠮᠠᠭᠤᠬᠠᠢ ᠰᠢᠷᠦᠭᠦᠨ ᠬᠠᠷᠠᠳᠠᠭ ᠪᠥᠭᠡᠳ ᠪᠠᠰᠠ ᠭᠥᠯᠢᠷᠡᠭᠰᠡᠨ ᠦᠶᠡ ᠳ᠋ᠦ᠍ ᠨᠢᠳᠦ ᠢᠷᠮᠡᠬᠦ ᠨᠢ ᠶᠡᠬᠡ ᠤᠳᠠᠭᠠᠨ ᠶᠤᠮᠰᠠᠨᠵᠠᠢ᠃ ᠬᠡᠦᠬᠡᠳ ᠪᠠᠢᠬᠤ ᠳᠤ ᠪᠠᠨ ᠳᠡᠩᠳᠡᠭᠦᠦ ᠠᠯᠢᠶᠠᠷᠬᠠᠭ ᠪᠠᠢᠭᠰᠠᠨ ᠲᠤᠯᠠ ᠵᠡᠷᠭᠡᠯᠡᠳᠡᠭᠡ ᠭᠡᠷ ᠦ᠋ᠨ ᠢ᠋ᠶ᠋ᠡᠨ ᠬᠡᠯᠡᠭᠡᠢ ᠬᠦᠦ ᠶ᠋ᠢᠨ ᠦᠭᠡ ᠶᠠᠷᠢᠬᠤ ᠪᠣᠯᠭᠠᠨ ᠤᠷᠤᠭᠤᠯ ᠨᠢ ᠤᠳᠠᠲᠠᠯᠠ ᠴᠡᠴᠡᠷᠬᠢᠯᠡᠨ ᠰᠢᠳᠦᠨ ᠵᠠᠪᠰᠠᠷ ᠢ᠋ᠶ᠋ᠠᠷ ᠢ᠋ᠶ᠋ᠠᠨ ᠬᠡᠢ ᠱᠣᠷᠴᠢᠭᠢᠨᠠᠭᠤᠯᠤᠨ ᠬᠡᠯᠡ ᠪᠡᠨ ᠬᠦᠴᠦᠯᠡᠨ ᠲᠦᠯᠬᠢᠬᠦ ᠶ᠋ᠢ ᠨᠢ ᠵᠢᠭᠲᠡᠢ ᠠᠪᠢᠶᠠᠰᠣᠯᠢᠭ ᠡᠯᠡᠭᠯᠡᠨ ᠳᠠᠭᠤᠷᠢᠶᠠᠵᠤ ᠪᠠᠢᠭᠰᠠᠭᠠᠷ ᠨᠠᠰᠤᠨ ᠤ᠋ ᠭᠡᠮ ᠢ᠋ᠶ᠋ᠡᠨ ᠣᠯᠵᠤ ᠦᠭᠡ ᠬᠡᠯᠡᠬᠦ ᠳᠦ ᠪᠡᠨ ᠬᠡᠵᠢᠶᠡᠳᠡ ᠡᠭᠡᠳᠡᠷᠡᠬᠦ ᠪᠣᠯᠵᠠᠢ᠃ ᠢᠩᠭᠢᠬᠦ ᠳ᠋ᠦ᠍ ᠬᠥᠮᠦᠰ ᠲᠡᠭᠦᠨ ᠦ᠌ ᠨᠢᠭᠤᠷ ᠨᠢᠳᠦᠨ ᠡᠴᠡ ᠰᠡᠵᠢᠭ ᠲᠥᠷᠥᠳᠡᠭ ᠨᠢ ᠭᠠᠭᠴᠠ ᠡᠨᠡ ᠤᠳᠠᠭᠠ ᠪᠢᠰᠢ ᠠᠵᠢ᠃ ᠣᠳᠣ ᠴᠤ᠌ ᠬᠡᠯᠡ ᠬᠥᠰᠢᠯᠳᠦᠨ ᠨᠢᠳᠦ ᠨᠢ ᠪᠦᠯᠲᠡᠭᠡᠨᠡᠬᠦ ᠳᠦ ᠪᠡᠨ ᠡᠨᠳᠡᠭᠦᠦ ᠣᠢᠯᠠᠭᠠᠯᠲᠠ ᠥᠭᠭᠦᠭᠰᠡᠨ ᠴᠤ᠌ ᠡᠴᠦᠰ ᠲᠤ ᠪᠠᠨ ᠬᠠᠮᠵᠢᠯᠴᠠᠨ ᠪᠠᠢᠴᠠᠭᠠᠬᠤ ᠭᠡᠰᠡᠨ ᠰᠠᠨᠠᠭᠠ ᠪᠠᠨ ᠢᠯᠡᠳᠬᠡᠪᠡ᠃ ᠲᠡᠷᠡ ᠬᠡᠳᠦᠢ ᠪᠡᠷ ᠤᠭ ᠤ᠋ᠨ ᠪᠠᠢᠴᠠᠭᠠᠯᠲᠠ ᠪᠠᠨ ᠴᠢᠩᠭᠠ ᠪᠠᠷᠢᠮᠲᠠᠯᠠᠭᠰᠠᠭᠠᠷ ᠪᠣᠯᠪᠠᠴᠤ ᠥᠨᠥᠳᠥᠷ ᠬᠠᠷᠢᠨ ᠪᠣᠯᠤᠷᠴᠠᠭᠠᠨ ᠤ᠋ ᠬᠡᠷᠡᠭ ᠢ᠋ ᠡᠬᠢᠯᠡᠵᠦ ᠢᠯᠡᠷᠡᠭᠦᠯᠦᠭᠰᠡᠨ ᠡᠴᠡ ᠠᠪᠤᠭᠠᠳ ᠪᠠᠢᠴᠠᠭᠠᠨ ᠮᠥᠷᠳᠡᠵᠦ ᠲᠡᠭᠦᠰᠬᠡᠭᠰᠡᠨ ᠬᠦᠷᠲᠡᠯᠡ ᠨᠠᠷᠢᠯᠢᠭ ᠶᠠᠷᠢᠯᠠ᠁
ᠨᠢᠳᠤᠨᠤᠨ ᠤ᠋ ᠠᠷᠪᠠᠨ ᠨᠢᠭᠡᠨ ᠰᠠᠷᠠ ᠶ᠋ᠢᠨ ᠠᠷᠪᠠᠨ ᠨᠠᠢ᠍ᠮᠠᠨ ᠤ᠋ ᠦᠳᠡᠰᠢ᠂ ᠪᠠᠷᠤᠭ ᠯᠠ ᠰᠢᠷᠠ ᠪᠦᠷᠦᠢ ᠪᠣᠯᠬᠤ ᠶ᠋ᠢᠨ ᠠᠯᠲᠠ ᠳ᠋ᠤ᠌ ᠠᠷᠪᠠᠨ ᠨᠠᠢ᠍ᠮᠠᠳᠤᠭᠠᠷ ᠲᠣᠭᠣᠷᠢᠭ ᠳᠠᠬᠢ ᠰᠠᠭᠤᠭᠠᠯᠢ ᠠᠷᠠᠳ ᠤ᠋ᠨ ᠵᠠᠯᠠᠭᠤ ᠢᠳᠡᠷ ᠨᠢᠭᠡ ᠪᠦᠯᠦᠭ ᠬᠥᠮᠦᠨ ᠪᠣᠯᠤᠷᠴᠠᠭᠠᠨ ᠢ᠋ ᠲᠦᠯᠬᠢᠵᠦ ᠲᠠᠲᠠᠯᠴᠠᠭᠰᠠᠭᠠᠷ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠬᠦᠷᠭᠡᠵᠦ ᠢᠷᠡᠪᠡ᠃
ᠡᠨᠡ ᠬᠥᠮᠦᠰ ᠦ᠋ᠨ ᠳᠤᠰᠬᠠᠬᠤ ᠪᠠᠷ ᠪᠣᠯᠤᠷᠴᠠᠭᠠᠨ ᠡᠬᠡᠨᠡᠷ ᠢ᠋ᠶ᠋ᠡᠨ ᠬᠣᠣᠷᠲᠤ ᠡᠮ ᠢ᠋ᠶ᠋ᠡᠷ ᠬᠣᠣᠷᠯᠠᠭᠰᠠᠨ ᠢ᠋ ᠳᠣᠣᠷᠠ ᠨᠢ ᠮᠡᠳᠡᠭᠡᠳ ᠬᠦᠷᠭᠡᠵᠦ ᠠᠪᠴᠢᠷᠠᠭᠰᠠᠨ ᠨᠢ ᠡᠨᠡ ᠭᠡᠨᠡ᠃
ᠪᠣᠯᠤᠷᠴᠠᠭᠠᠨ ᠤ᠋ ᠪᠦᠰᠡᠭᠦᠢ ᠦᠵᠡᠰᠬᠦᠯᠡᠩ ᠦ᠋ᠨ ᠠᠮᠢ ᠲᠠᠯᠪᠢᠬᠤ ᠦᠶᠡ ᠳᠦ ᠪᠡᠨ ᠴᠢᠷᠠᠯᠠᠨ ᠪᠠᠷᠬᠢᠷᠠᠬᠤ ᠳᠠᠭᠤᠨ ᠢ᠋ᠶ᠋ᠠᠷ ᠡᠳᠡᠨᠥᠰ ᠭᠡᠷ ᠲᠦ᠋ᠨᠢ ᠭᠦᠶᠦᠯᠳᠦᠨ ᠬᠦᠷᠬᠦ ᠳ᠋ᠦ᠍ ᠡᠬᠡᠨᠡᠷ ᠨᠢ ᠡᠷᠡ ᠪᠡᠨ ᠵᠢᠷᠦᠬᠡ ᠪᠡᠷ ᠢ᠋ᠶ᠋ᠡᠨ ᠨᠣᠬᠠᠢ ᠲᠡᠵᠢᠭᠡᠭᠰᠡᠨ ᠠᠮᠢᠲᠠᠨ᠂ ᠡᠢᠮᠦ ᠭᠡᠭᠡᠨ ᠴᠠᠭᠠᠨ ᠡᠳᠦᠷ᠂ ᠭᠡᠷᠡᠯᠲᠦ ᠨᠠᠷᠠᠨ ᠤ᠋ ᠳᠣᠣᠷᠠ ᠨᠠᠮᠠᠶ᠋ᠢ ᠬᠣᠣᠷᠲᠤ ᠡᠮ ᠢ᠋ᠶ᠋ᠡᠷ ᠠᠯᠠᠬᠤ ᠴᠢᠨᠢ ᠨᠡᠭᠡᠷᠡᠨ ᠬᠠᠷᠠ ᠰᠠᠨᠠᠭᠠ ᠨᠢ ᠮᠤᠬᠤᠷ ᠲᠤ ᠪᠠᠨ ᠲᠤᠯᠤᠭᠰᠠᠨ ᠳᠠᠮᠰᠢᠭ ᠭᠡᠵᠦ ᠵᠠᠨᠤᠨ ᠤᠬᠤᠷᠬᠠᠢᠲᠠᠵᠤ ᠠᠮᠢ ᠲᠡᠯᠴᠢᠯᠡᠨ ᠬᠠᠷᠢᠶᠠᠵᠤ ᠪᠠᠢᠬᠤ ᠲᠠᠢ ᠲᠣᠬᠢᠶᠠᠯᠳᠤᠵᠠᠢ᠃
ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠬᠢᠨ ᠴᠠᠭ ᠢ᠋ ᠵᠠᠪᠳᠤᠨ ᠡᠳᠡᠭᠡᠷ ᠬᠠᠮᠢᠶᠠ ᠪᠦᠬᠦᠢ ᠭᠡᠷᠡᠴᠢ ᠪᠠᠷᠢᠮᠲᠠ᠂ ᠶᠠᠷᠢᠶᠠ ᠲᠤᠰᠬᠠᠯ ᠤ᠋ᠨ ᠭᠣᠣᠯ ᠭᠣᠣᠯ ᠢ᠋ ᠪᠢᠴᠢᠭᠦᠯᠵᠦ ᠭᠡᠷᠡᠴᠢ ᠪᠣᠯᠭᠠᠭᠠᠳ ᠪᠣᠯᠤᠷᠴᠠᠭᠠᠨ ᠢ᠋ ᠲᠦᠷ ᠬᠣᠷᠢᠭᠰᠠᠨ ᠪᠠᠢᠨᠠ᠃
ᠬᠠᠭᠠᠰ ᠴᠠᠭ ᠤ᠋ᠨ ᠳᠠᠷᠠᠭᠠ᠂ ᠡᠯᠡ ᠲᠠᠯᠠ ᠶ᠋ᠢᠨ ᠲᠤᠰᠬᠠᠢ ᠮᠡᠷᠭᠡᠵᠢᠯᠲᠡᠨ ᠨᠠᠷ ᠢ᠋ᠶ᠋ᠠᠷ ᠪᠦᠷᠢᠯᠳᠦᠭᠰᠡᠨ ᠪᠠᠢᠴᠠᠭᠠᠬᠤ ᠲᠤᠭᠤᠢᠯᠠᠩ ᠦᠵᠡᠰᠬᠦᠯᠡᠩ ᠦ᠋ᠨ ᠦᠬᠦᠳᠡᠯ ᠢ᠋ ᠪᠠᠢᠴᠠᠭᠠᠯᠠ᠃ ᠡᠨᠡ ᠪᠣᠷᠣᠯᠠᠭ ᠴᠢᠷᠠᠢ ᠲᠠᠢ ᠡᠮᠡᠭᠲᠡᠢ ᠶ᠋ᠢᠨ ᠵᠥᠭᠡᠯᠡᠨ ᠬᠠᠷᠠ ᠨᠢᠳᠦ ᠨᠢ ᠬᠡᠪ ᠢ᠋ᠶ᠋ᠡᠷ ᠢ᠋ᠶ᠋ᠡᠨ ᠪᠥᠯᠲᠠᠢᠨ᠂ ᠡᠷᠡᠭᠦᠯ ᠬᠥᠯ ᠢ᠋ᠶ᠋ᠡᠷ ᠬᠤᠭᠤᠷᠬᠠᠢ ᠬᠥᠯ ᠢ᠋ᠶ᠋ᠡᠨ ᠪᠠᠭᠯᠠᠭᠰᠠᠨ ᠱᠠ ᠪᠥᠰ ᠢ᠋ ᠣᠯᠠᠨ ᠭᠠᠵᠠᠷ ᠰᠡᠭᠰᠡᠢᠯᠭᠡᠨ ᠠᠯᠳᠠᠷᠠᠭᠠᠭᠰᠠᠨ ᠨᠢ ᠲᠡᠩᠬᠡᠭᠡ ᠮᠡᠳᠡᠨ ᠢᠰᠬᠦᠴᠢᠭᠰᠡᠨ ᠰᠢᠨᠵᠢᠲᠡᠢ ᠪᠠᠢᠪᠠ᠃ ᠬᠣᠶᠠᠷ ᠭᠠᠷ ᠤ᠋ᠨ ᠬᠢᠨᠢ ᠨᠠᠷᠢᠨ ᠴᠠᠭᠠᠨ ᠠᠷᠪᠠᠨ ᠬᠤᠷᠤᠭᠤ ᠨᠢ ᠰᠠᠷᠪᠠᠢᠭᠰᠠᠨ ᠬᠡᠪ ᠢ᠋ᠶ᠋ᠡᠷ ᠢ᠋ᠶ᠋ᠡᠨ ᠪᠠᠢᠯᠠ᠃
ᠡᠨᠡ ᠨᠢ ᠶᠠᠭ ᠯᠠ ᠨᠢᠭᠡᠨ ᠶᠠᠭᠤᠮᠠ ᠶ᠋ᠢ ᠲᠡᠪᠡᠷᠢᠬᠦ ᠪᠡᠷ ᠣᠷᠣᠯᠳᠣᠭᠰᠠᠨ ᠪᠤᠶᠤ ᠪᠠᠵᠠᠬᠤ ᠰᠠᠨᠠᠭᠠ ᠲᠠᠢ ᠪᠠᠢᠭᠰᠠᠨ ᠰᠢᠭ᠋ ᠬᠠᠷᠠᠭᠳᠠᠨᠠ᠃
ᠡᠯᠡ ᠲᠠᠯᠠ ᠶ᠋ᠢᠨ ᠪᠠᠢᠴᠠᠭᠠᠯᠲᠠ ᠮᠡᠷᠭᠡᠵᠢᠯ ᠦ᠋ᠨ ᠬᠢᠨᠠᠨ ᠲᠣᠭᠲᠠᠭᠠᠯ ᠢ᠋ᠶ᠋ᠠᠷ ᠵᠦᠢᠴᠢᠯᠡᠨ ᠮᠠᠭᠠᠳᠯᠠᠭᠰᠠᠨ ᠢ᠋ᠶ᠋ᠠᠷ ᠦᠵᠡᠰᠬᠦᠯᠡᠩ ᠲᠤᠰ ᠣᠷᠣᠢ ᠶ᠋ᠢᠨ ᠵᠢᠷᠭᠤᠭᠠᠨ ᠴᠠᠭ ᠬᠣᠷᠢᠨ ᠮᠢᠨᠦ᠋ᠲ ᠣᠷᠴᠢᠮ ᠢ᠋ᠶ᠋ᠠᠷ ᠤᠨᠲᠠᠬᠤ ᠣᠷᠣ ᠳᠡᠭᠡᠷᠡ ᠪᠡᠨ ᠦᠬᠦᠵᠡᠢ᠃
ᠦᠬᠦᠳᠡᠯ ᠢ᠋ ᠨᠢ ᠲᠤᠶᠠᠴᠢᠨ ᠪᠠᠢᠴᠠᠭᠠᠭᠰᠠᠨ ᠢ᠋ᠶ᠋ᠠᠷ ᠵᠢᠷᠦᠬᠡ᠂ ᠰᠤᠳᠠᠯ ᠳ᠋ᠠᠬᠢ ᠴᠢᠰᠤ ᠨᠢ ᠠᠭᠰᠢᠯᠲᠠ ᠶ᠋ᠢᠨ ᠬᠡᠮᠵᠢᠶᠡᠨ ᠳᠦ ᠪᠡᠨ ᠡᠭᠡᠳᠡᠷᠡᠯ ᠪᠣᠢ ᠪᠣᠯᠤᠨ ᠲᠠᠭᠯᠠᠷᠠᠭᠰᠠᠨ ᠠ᠋ᠴᠠ ᠵᠠᠳᠠᠯᠪᠠᠯ ᠲᠦᠷᠭᠡᠨ ᠴᠢᠨᠠᠷ ᠤ᠋ᠨ ᠬᠣᠣᠷᠳᠠᠯ ᠳ᠋ᠤ᠌ ᠤᠴᠠᠷᠠᠭᠠᠳ ᠳᠣᠣᠷᠠ ᠪᠠᠨ ᠦᠬᠦᠵᠡᠢ᠃
ᠬᠡᠷᠡᠭ ᠦ᠋ᠨ ᠲᠠᠯᠠᠪᠠᠢ ᠶ᠋ᠢ ᠪᠠᠢᠴᠠᠭᠠᠭᠰᠠᠨ ᠳ᠋ᠦᠩ ᠳ᠋ᠦ᠍᠂ ᠲᠡᠷᠡ ᠦᠳᠡᠰᠢ ᠪᠣᠯᠤᠷᠴᠠᠭᠠᠨ ᠤ᠋ ᠦᠵᠡᠰᠬᠦᠯᠡᠩ ᠳ᠋ᠦ᠍ ᠲᠠᠷᠢᠭᠰᠠᠨ ᠡᠮ ᠪᠣᠯ A ᠭᠤᠷᠪᠠᠳᠤᠭᠠᠷ ᠪᠣᠯᠤᠨ B ᠵᠢᠷᠭᠤᠳᠤᠭᠠᠷ ᠪᠣᠯᠬᠤ ᠶ᠋ᠢ ᠬᠥᠰᠡᠷ ᠲᠦ᠍ ᠬᠠᠶᠠᠭᠳᠠᠭᠰᠠᠨ ᠬᠣᠶᠠᠷ ᠵᠢᠵᠢᠭ ᠯᠣᠩᠬᠣ ᠭᠡᠷᠡᠴᠢᠯᠡᠵᠡᠢ᠃ ᠡᠮ ᠦ᠋ᠨ ᠯᠣᠩᠬᠣ ᠶ᠋ᠢᠨ ᠶᠡᠬᠡ ᠪᠠᠭᠠ᠂ ᠬᠡᠯᠪᠡᠷᠢ ᠮᠠᠶᠢᠭ ᠨᠢ ᠡᠭᠡᠭᠡ ᠠᠳᠠᠯᠢᠬᠠᠨ ᠪᠣᠯᠪᠠᠴᠤ ᠳᠡᠭᠡᠷᠡᠬᠢ ᠪᠢᠴᠢᠭ ᠨᠢ ᠠᠳᠠᠯᠢ ᠦᠭᠡᠢ᠃ ᠡᠨᠡ ᠬᠣᠶᠠᠷ ᠵᠦᠢᠯ ᠦ᠋ᠨ ᠡᠮ ᠪᠣᠯ ᠠᠮᠤᠷᠵᠢᠭᠤᠯᠬᠤ ᠪᠠ ᠲᠣᠭᠲᠠᠪᠤᠷᠢᠵᠢᠭᠤᠯᠬᠤ ᠲᠠᠯᠠ ᠪᠠᠷ ᠲᠤᠰ ᠲᠤᠰ ᠤ᠋ᠨ ᠠᠰᠤᠷᠤ ᠰᠠᠢᠨ ᠦᠢᠯᠡᠳᠦᠯ ᠲᠡᠢ ᠴᠤ᠌ ᠨᠡᠢᠯᠡᠭᠦᠯᠵᠦ ᠵᠠᠷᠤᠪᠠᠯ ᠤᠷᠪᠠᠯ ᠡᠭᠦᠰᠦᠨ᠂ ᠴᠢᠰᠤ ᠬᠣᠣᠷᠳᠠᠭᠳᠠᠨ ᠠᠮᠢᠨ ᠳ᠋ᠤ᠌ ᠬᠦᠷᠴᠦ ᠪᠣᠯᠬᠤ ᠪᠠᠢᠵᠠᠢ᠃
ᠢᠩᠭᠢᠬᠦᠯᠡ ᠬᠡᠷᠡᠭ ᠦ᠋ᠨ ᠲᠠᠯᠠᠪᠠᠢ ᠳ᠋ᠤ᠌ ᠪᠠᠢᠭᠰᠠᠨ ᠡᠮᠴᠢ ᠮᠡᠷᠭᠡᠵᠢᠯᠲᠡᠨ ᠨᠠᠷ ᠦᠵᠡᠰᠬᠦᠯᠡᠩ ᠦ᠋ᠨ ᠦᠬᠦᠭᠰᠡᠨ ᠰᠢᠯᠲᠠᠭᠠᠨ ᠨᠢ ᠬᠣᠣᠷᠲᠤ ᠴᠢᠨᠠᠷ ᠤ᠋ᠨ A ᠭᠤᠷᠪᠠᠳᠤᠭᠠᠷ ᠪᠣᠯᠤᠨ B ᠵᠢᠷᠭᠤᠳᠤᠭᠠᠷ ᠢ᠋ ᠬᠣᠯᠢᠨ ᠵᠠᠷᠤᠭᠰᠠᠨ ᠠ᠋ᠴᠠ ᠬᠣᠣᠷᠳᠠᠭᠳᠠᠭᠰᠠᠨ ᠭᠡᠬᠦ ᠳ᠋ᠦ᠍ ᠰᠠᠨᠠᠯ ᠨᠢᠭᠡᠲᠡᠢ ᠪᠠᠢᠭᠰᠠᠨ ᠠ᠋ᠴᠠ ᠳᠠᠬᠢᠭᠠᠳ ᠲᠤᠰᠬᠠᠢ ᠴᠢᠰᠤᠨ ᠡᠭᠡᠳᠡᠷᠡᠯ ᠢ᠋ ᠪᠠᠢᠴᠠᠭᠠᠨ ᠰᠢᠯᠭᠠᠬᠤ ᠬᠢᠨᠠᠨ ᠲᠣᠭᠲᠠᠭᠠᠯ ᠬᠢᠬᠦ ᠴᠢᠬᠤᠯᠠ ᠦᠭᠡᠢ ᠭᠡᠵᠦ ᠦᠵᠡᠵᠡᠭᠡᠵᠡᠢ᠃
ᠬᠡᠷᠡᠭ ᠦ᠋ᠨ ᠲᠠᠯᠠᠪᠠᠢ ᠳ᠋ᠤ᠌ ᠦᠯᠡᠳᠡᠭᠰᠡᠨ ᠡᠮ ᠲᠠᠷᠢᠬᠤ ᠪᠠᠭᠠᠵᠢ᠂ ᠡᠮ ᠦ᠋ᠨ ᠵᠢᠵᠢᠭ ᠯᠣᠩᠬᠣ ᠳ᠋ᠤ᠌ ᠪᠣᠯᠤᠷᠴᠠᠭᠠᠨ ᠤ᠋ ᠭᠠᠷ ᠤ᠋ᠨ ᠣᠷᠣᠮ ᠨᠢ ᠴᠤ᠌ ᠦᠯᠡᠳᠡᠭᠰᠡᠭᠡᠷ ᠪᠠᠢᠵᠤ᠂ ᠢᠯᠡᠴᠢᠯᠡᠨ ᠲᠤᠰᠬᠠᠭᠴᠢᠳ ᠤ᠋ᠨ ᠭᠡᠷᠡᠴᠢ ᠲᠡᠢ ᠪᠠᠷᠢᠮᠲᠠ ᠨᠢᠭᠡᠳᠦᠨ ᠦᠨᠡᠨ ᠮᠠᠭᠠᠳ ᠨᠢ ᠰᠡᠵᠢᠭᠯᠡᠰᠢ ᠦᠭᠡᠢ ᠪᠣᠯᠪᠠ᠃
ᠦᠵᠡᠰᠬᠦᠯᠡᠩ ᠡᠷᠡ ᠳᠦ ᠪᠡᠨ ᠢᠩᠭᠢᠵᠦ ᠰᠠᠨᠠᠭᠠᠨ ᠳ᠋ᠤ᠌ ᠦᠭᠡᠢ ᠬᠣᠣᠷᠯᠠᠭᠳᠠᠭᠰᠠᠨ ᠠᠵᠢ᠃ ᠡᠬᠡᠨᠡᠷ ᠢ᠋ᠶ᠋ᠡᠨ ᠶᠠᠭᠤᠨ ᠳ᠋ᠤ᠌ ᠠᠯᠠᠭᠰᠠᠨ ᠴᠠᠭᠠᠳᠤᠬᠢ ᠬᠠᠷᠠ ᠰᠠᠨᠠᠭᠠᠨ ᠤ᠋ ᠬᠢᠨᠢ ᠲᠤᠬᠠᠢ ᠲᠤᠰᠬᠠᠢ ᠮᠡᠷᠭᠡᠵᠢᠯᠲᠡᠳ ᠥᠪᠡᠷ ᠥᠪᠡᠷ ᠦ᠋ᠨ ᠦᠵᠡᠯᠲᠡ ᠵᠠᠳᠠᠯᠤᠯᠲᠠ ᠪᠠᠨ ᠶᠠᠷᠢᠵᠠᠢ᠃
ᠣᠷᠴᠢᠮ ᠤ᠋ᠨ ᠵᠢᠯ ᠦ᠋ᠳ ᠲᠦ᠍ ᠡᠨᠡ ᠡᠷᠡ ᠡᠮᠡ ᠬᠣᠶᠠᠷ ᠤ᠋ᠨ ᠬᠠᠷᠢᠴᠠᠭᠠ ᠨᠢ ᠶᠠᠪᠤᠬᠤ ᠳᠣᠳᠣᠮ ᠮᠠᠭᠤᠳᠠᠵᠤ ᠪᠠᠢᠭᠰᠠᠨ ᠪᠠ ᠡᠮᠦᠨᠡ ᠬᠣᠶᠠᠷ ᠰᠠᠷᠠ ᠠ᠋ᠴᠠ ᠭᠡᠷᠡᠯᠲᠦᠨ ᠵᠣᠳᠣᠯᠴᠠᠬᠤ ᠪᠣᠯᠤᠭᠰᠠᠨ ᠪᠥᠭᠡᠳ ᠪᠣᠯᠤᠷᠴᠠᠭᠠᠨ ᠬᠢᠲᠤᠭᠠ ᠰᠢᠪᠦᠭᠡ ᠴᠤ᠌ ᠬᠥᠳᠡᠯᠭᠡᠬᠦ ᠪᠣᠯᠵᠠᠢ᠃
ᠪᠣᠯᠤᠷᠴᠠᠭᠠᠨ ᠶᠡᠷᠦ ᠡᠴᠡ ᠪᠡᠨ ᠲᠡᠢᠮᠦ ᠴᠦᠯ ᠴᠡᠯ ᠭᠡᠰᠡᠨ ᠪᠦᠳᠦᠭᠦᠯᠢᠭ ᠬᠥᠮᠦᠨ ᠪᠢᠰᠢ᠂ ᠬᠠᠷᠢᠨ ᠳᠡᠭᠡᠳᠦ ᠵᠡᠷᠭᠡ ᠶ᠋ᠢᠨ ᠬᠥᠮᠦᠵᠢᠯ ᠬᠦᠷᠲᠡᠭᠰᠡᠨ᠂ ᠡᠮᠴᠢ ᠶ᠋ᠢᠨ ᠰᠤᠷᠲᠠᠯ ᠪᠣᠯᠪᠠᠰᠤᠷᠠᠯ ᠢ᠋ᠶ᠋ᠠᠷ ᠮᠠᠰᠢ ᠥᠨᠳᠥᠷ ᠠᠵᠢᠯᠲᠠᠨ ᠪᠠᠶᠢᠵᠠᠢ᠃ ᠳᠣᠣᠷᠠᠬᠢ ᠬᠥᠮᠦᠰ ᠲᠤ ᠪᠠᠨ ᠭᠠᠷᠭᠠᠬᠤ ᠵᠠᠩ ᠠᠭᠠᠰᠢ ᠨᠢ ᠨᠣᠮᠣᠬᠠᠨ ᠳᠥᠯᠭᠡᠬᠡᠨ᠂ ᠡᠪᠡᠳᠴᠢᠲᠡᠨ ᠪᠣᠯᠤᠨ ᠬᠠᠮᠲᠤ ᠠᠵᠢᠯᠯᠠᠭᠴᠢ ᠳᠤ ᠪᠠᠨ ᠬᠡᠵᠢᠶᠡᠳᠡ ᠬᠥᠩᠭᠡᠨ ᠬᠠᠯᠠᠭᠤᠮᠰᠤᠭ ᠬᠠᠨᠳᠤᠳᠠᠭ ᠠ᠋ᠴᠠ ᠬᠡᠳᠦᠨ ᠵᠢᠯ ᠵᠠᠯᠭᠠᠭᠠ ᠪᠠᠷ ᠪᠣᠯᠪᠠᠰᠤᠨ ᠡᠮᠴᠢ ᠪᠡᠷ ᠬᠥᠬᠢᠭᠦᠯᠦᠭᠳᠡᠭᠰᠡᠨ ᠦᠨᠡᠮᠯᠡᠯ ᠦ᠋ᠳ ᠭᠡᠷ ᠦ᠋ᠨ ᠬᠠᠨᠠ ᠪᠠᠷ ᠨᠢ ᠡᠯᠭᠦᠭᠡᠰᠦᠲᠡᠢ ᠪᠠᠢᠯᠠ᠃ ᠡᠢᠮᠦ ᠨᠢᠭᠡᠨ ᠬᠠᠮᠠᠷ ᠲᠤᠨᠢ ᠪᠠᠭᠠᠰᠤ ᠲᠦᠷᠬᠢᠪᠡᠴᠦ ᠳᠤᠤᠭᠠᠷᠤᠮᠠᠷ ᠦᠭᠡᠢ ᠨᠣᠮᠣᠬᠠᠨ ᠬᠥᠮᠦᠨ ᠡᠬᠡᠨᠡᠷ ᠲᠤ ᠪᠠᠨ ᠢᠩᠭᠢᠵᠦ ᠬᠠᠷᠠ ᠬᠣᠣᠷᠲᠠᠢ ᠪᠠᠷ ᠣᠷᠣᠨ᠂ ᠤᠷᠢᠳ ᠢ᠋ᠶ᠋ᠠᠷ ᠬᠥᠯ ᠢ᠋ ᠨᠢ ᠴᠣᠬᠢᠨ ᠬᠤᠭᠤᠯᠵᠤ ᠪᠣᠰᠤᠯᠭᠠ ᠦᠭᠡᠢ ᠪᠣᠯᠭᠠᠵᠤ ᠲᠠᠯᠪᠢᠭᠠᠳ᠂ ᠳᠠᠷᠠᠭᠠ ᠨᠢ ᠬᠣᠣᠷᠲᠤ ᠡᠮ ᠲᠠᠷᠢᠭᠰᠠᠨ ᠨᠢ ᠡᠬᠡᠨᠡᠷ ᠢ᠋ᠶ᠋ᠡᠨ ᠵᠢᠭᠰᠢᠬᠦ ᠶ᠋ᠢᠨ ᠲᠤᠢᠯ ᠳ᠋ᠤ᠌ ᠬᠦᠷᠦᠭᠰᠡᠨ ᠨᠢ ᠢᠯᠡᠬᠡᠨ ᠪᠠᠢᠯᠠ᠃
ᠠᠮᠤᠷᠵᠢᠭᠤᠯᠬᠤ A ᠭᠤᠷᠪᠠᠳᠤᠭᠠᠷ ᠪᠣᠯᠤᠨ ᠶᠠᠰᠤ ᠲᠣᠭᠲᠠᠪᠤᠷᠢᠵᠢᠭᠤᠯᠬᠤ B ᠵᠢᠷᠭᠤᠳᠤᠭᠠᠷ ᠨᠡᠢᠯᠡᠪᠡᠯ ᠤᠷᠪᠠᠯ ᠡᠭᠦᠰᠦᠨ ᠠᠮᠢᠨ ᠳ᠋ᠤ᠌ ᠬᠦᠷᠬᠦ ᠬᠣᠣᠷ ᠪᠣᠯᠬᠤ ᠶ᠋ᠢ ᠪᠣᠯᠤᠷᠴᠠᠭᠠᠨ ᠰᠢᠭ᠋ ᠮᠡᠷᠭᠡᠵᠢᠯᠲᠡᠢ ᠡᠮᠴᠢ ᠮᠡᠳᠡᠬᠦ ᠦᠭᠡᠢ ᠭᠡᠵᠦ ᠬᠠᠮᠢᠭᠠ ᠪᠠᠢᠬᠤ ᠪᠣᠢ᠃
ᠲᠡᠷᠡ ᠤᠷᠢᠳ ᠢ᠋ᠶ᠋ᠠᠷ ᠬᠥᠯ ᠢ᠋ ᠨᠢ ᠴᠣᠬᠢᠵᠤ ᠬᠤᠭᠤᠯᠤᠭᠰᠠᠨ ᠨᠢ ᠴᠤ᠌ ᠠᠯᠢ ᠡᠷᠲᠡᠨ ᠡᠴᠡ ᠡᠢᠮᠦ ᠡᠮ ᠦ᠋ᠨ ᠬᠣᠣᠷ ᠢ᠋ᠶ᠋ᠠᠷ ᠡᠬᠡᠨᠡᠷ ᠢ᠋ᠶ᠋ᠡᠨ ᠬᠣᠣᠷᠯᠠᠬᠤ ᠪᠠᠷ ᠲᠥᠯᠦᠪᠯᠡᠭᠰᠡᠨ ᠨᠢ ᠢᠯᠡᠬᠡᠨ ᠪᠠᠢᠨᠠ᠃
ᠪᠣᠯᠤᠷᠴᠠᠭᠠᠨ ᠬᠣᠵᠢᠮ ᠤ᠋ᠨ ᠠᠯᠢ ᠨᠢᠭᠡ ᠡᠳᠦᠷ ᠡᠬᠡᠨᠡᠷ ᠦ᠋ᠨ ᠬᠢᠨᠢ ᠬᠥᠯ ᠪᠤᠶᠤ ᠶᠠᠮᠠᠷ ᠨᠢᠭᠡ ᠶᠠᠰᠤ ᠨᠢ ᠬᠤᠭᠤᠷᠠᠨᠠ ᠭᠡᠭᠴᠢ ᠶ᠋ᠢ ᠶᠠᠭᠠᠬᠢᠭᠰᠠᠨ ᠴᠤ᠌ ᠤᠷᠢᠳ ᠠ᠋ᠴᠠ ᠮᠡᠳᠡᠬᠦ ᠦᠭᠡᠢ᠂ ᠭᠡᠲᠡᠯᠡ ᠶᠠᠰᠤᠨ ᠬᠤᠭᠤᠷᠠᠯ ᠳ᠋ᠤ᠌ ᠲᠤᠰᠬᠠᠢ ᠵᠠᠷᠤᠬᠤ ᠡᠮ ᠲᠡᠢ ᠤᠷᠪᠠᠯ ᠡᠭᠦᠰᠬᠦ ᠡᠮ ᠨᠡᠢᠯᠡᠭᠦᠯᠬᠦ ᠪᠡᠷ ᠪᠡᠯᠡᠳᠬᠡᠵᠦ ᠠᠮᠵᠢᠭᠰᠠᠨ ᠨᠢ ᠠᠯᠢ ᠡᠷᠲᠡᠨ ᠡᠴᠡ ᠦᠵᠡᠯ ᠰᠠᠨᠠᠭᠠᠨ ᠤ᠋ ᠪᠡᠯᠡᠳᠬᠡᠯ ᠲᠡᠢ ᠪᠠᠢᠭᠰᠠᠨ ᠢ᠋ ᠨᠢ ᠬᠠᠷᠠᠭᠤᠯᠵᠤ ᠪᠠᠢᠨᠠ᠃
ᠮᠡᠷᠭᠡᠵᠢᠯᠲᠡᠨ ᠨᠠᠷ ᠵᠠᠳᠠᠯᠤᠯᠲᠠ ᠵᠦᠢᠴᠢᠯᠡᠯ ᠢ᠋ᠶ᠋ᠡᠨ ᠶᠠᠭ ᠯᠠ ᠬᠢᠲᠤᠭᠠᠨ ᠢᠷ ᠰᠢᠭ ᠰᠢᠷᠦᠭᠦᠨ ᠬᠤᠷᠴᠠ ᠪᠠᠷ ᠪᠣᠯᠤᠷᠴᠠᠭᠠᠨ ᠳ᠋ᠤ᠌ ᠲᠤᠯᠭᠠᠭᠰᠠᠨ ᠳ᠋ᠤ᠌ ᠲᠡᠷᠡ ᠦᠬᠦᠨ ᠮᠤᠵᠢᠭᠤᠳᠠᠯᠠᠵᠤ ᠵᠠᠢᠯᠠᠬᠤ ᠪᠠᠷ ᠣᠷᠣᠯᠳᠣᠭᠰᠠᠨ ᠴᠤ᠌ ᠭᠡᠷᠡᠴᠢ ᠶ᠋ᠢᠨ ᠡᠮᠦᠨᠡ ᠰᠢᠬᠠᠮᠳᠠᠬᠤ ᠳᠤ ᠪᠠᠨ ᠦᠨᠡᠨ ᠢ᠋ᠶ᠋ᠡᠨ ᠲᠤᠰᠢᠶᠠᠵᠤ ᠤᠬᠢᠯᠠᠵᠠᠢ᠃
ᠮᠡᠯᠡᠷᠡᠨ ᠲᠡᠨᠡᠭᠰᠢᠭᠰᠡᠨ ᠪᠣᠯᠤᠷᠴᠠᠭᠠᠨ ᠬᠡᠷᠡᠭ ᠦ᠋ᠨ ᠲᠠᠯᠠᠪᠠᠢ ᠳ᠋ᠤ᠌ ᠬᠦᠷᠦᠭᠰᠡᠨ ᠬᠥᠮᠦᠰ ᠲᠦ᠍ ᠠᠯᠪᠠᠳᠠᠭᠳᠠᠨ ᠲᠠᠭᠤᠭᠳᠠᠭᠰᠠᠭᠠᠷ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠣᠷᠣᠵᠤ ᠢᠷᠡᠬᠦ ᠳ᠋ᠦ᠍ ᠪᠠᠷᠤᠭ ᠯᠠ ᠮᠡᠳᠡᠷᠡᠯ ᠢ᠋ᠶ᠋ᠡᠨ ᠠᠯᠳᠠᠮᠠ ᠪᠣᠯᠵᠤ ᠴᠢᠷᠠᠢ ᠨᠢ ᠬᠤᠪᠢᠷᠠᠨ ᠬᠥᠯ ᠨᠢ ᠴᠡᠴᠡᠷᠡᠨ ᠪᠠᠢᠯᠠ᠃
ᠵᠢᠭᠠᠬᠠᠨ ᠪᠠᠢᠰᠬᠢᠭᠡᠳ ᠮᠡᠳᠡᠷᠡᠯ ᠨᠢ ᠰᠡᠷᠭᠦᠵᠦ ᠰᠠᠨᠠᠭᠠ ᠨᠢ ᠲᠣᠭᠲᠠᠭᠰᠠᠨ ᠤ᠋ ᠬᠣᠢᠨᠠ᠂ ᠳᠣᠲᠣᠭᠠᠳᠤ ᠶ᠋ᠢ ᠬᠠᠮᠠᠭᠠᠯᠠᠬᠤ ᠲᠣᠪᠴᠢᠶᠠ ᠬᠠᠮᠤᠭ ᠤ᠋ᠨ ᠠᠩᠬᠠᠨ ᠤ᠋ ᠤᠷᠢᠳᠴᠢᠯᠠᠨ ᠰᠢᠭᠦᠯᠲᠡ ᠪᠡᠨ ᠡᠬᠢᠯᠡᠬᠦ ᠳ᠋ᠦ᠍ ᠪᠣᠯᠤᠷᠴᠠᠭᠠᠨ ᠮᠤᠵᠢᠭᠤᠳᠠ ᠣᠪᠣᠷ ᠢ᠋ᠶ᠋ᠠᠷ ᠬᠠᠨᠳᠤᠵᠠᠢ᠃ ᠲᠡᠷᠡ ᠨᠠᠭᠠᠳᠤ ᠵᠠᠬᠠ ᠳᠤ ᠪᠠᠨ ᠡᠬᠡᠨᠡᠷ ᠨᠢ ᠭᠡᠨᠡᠳᠲᠡ ᠶᠠᠭᠠᠬᠢᠭᠠᠳ ᠦᠬᠦᠭᠰᠡᠨ ᠢ᠋ ᠴᠤ᠌ ᠮᠡᠳᠡᠬᠦ ᠦᠭᠡᠢ ᠪᠡᠷ ᠬᠠᠭᠤᠷᠮᠠᠭᠯᠠᠵᠤ᠂ ᠲᠡᠭᠡᠭᠡᠳ ᠪᠠᠰᠠ ᠬᠣᠣᠷᠲᠤ ᠡᠮ ᠶᠠᠭᠠᠬᠢᠭᠠᠳ ᠵᠡᠭᠦᠦ ᠴᠣᠬᠢᠬᠤ ᠪᠠᠭᠠᠵᠢ ᠳ᠋ᠤ᠌ ᠣᠷᠣᠭᠰᠠᠨ ᠢ᠋ ᠦᠨᠡᠬᠡᠷ ᠮᠡᠳᠡᠬᠦ ᠦᠭᠡᠢ ᠰᠢᠭ ᠠᠭᠠᠰᠢᠯᠠᠪᠠ᠃ ᠪᠣᠯᠤᠷᠴᠠᠭᠠᠨ ᠬᠥᠮᠦᠨ ᠠᠯᠠᠭᠰᠠᠨ ᠬᠡᠷᠡᠭ ᠦ᠋ᠨ ᠲᠠᠯᠠᠪᠠᠢ ᠳᠤ ᠪᠠᠨ ᠳᠣᠣᠷᠠ ᠨᠢ ᠪᠠᠷᠢᠭᠳᠠᠴᠢᠬᠠᠭᠠᠳ ᠪᠠᠰᠠ ᠢᠩᠭᠢᠵᠦ ᠶᠠᠯᠠ ᠠ᠋ᠴᠠ ᠪᠠᠨ ᠮᠤᠯᠲᠤᠷᠠᠬᠤ ᠪᠠᠷ ᠣᠷᠣᠯᠳᠣᠬᠤ ᠶ᠋ᠢ ᠨᠢ ᠭᠠᠢᠬᠠᠵᠤ ᠰᠣᠨᠢᠷᠬᠠᠮᠠᠷ ᠪᠣᠯᠪᠠᠴᠤ ᠦᠨᠡᠨ ᠳᠦ ᠪᠡᠨ ᠶᠠᠯᠠᠲᠠᠳ ᠤ᠋ᠨ ᠣᠯᠠᠩᠬᠢ ᠨᠢ ᠪᠠᠷᠤᠭ ᠪᠦᠷ ᠡᠢᠮᠦ ᠰᠡᠳᠬᠢᠯ ᠦ᠋ᠨ ᠬᠥᠳᠡᠯᠭᠡᠭᠡᠨ ᠲᠡᠢ ᠪᠠᠢᠳᠠᠭ ᠶᠤᠮ᠃ ᠡᠬᠢᠨ ᠳᠦ ᠪᠡᠨ ᠪᠤᠷᠤᠩᠬᠤᠢᠯᠠᠵᠤ᠂ ᠠᠷᠭᠠᠯᠠᠭᠠᠳ ᠯᠠ ᠥᠩᠭᠡᠷᠡᠴᠢᠬᠡᠬᠦ ᠰᠠᠨᠠᠭᠠ ᠶ᠋ᠢ ᠡᠪᠦᠷᠯᠡᠨ ᠡᠯᠳᠡᠪ ᠪᠠᠰᠢᠷ ᠢ᠋ᠶ᠋ᠠᠷ ᠬᠡᠷᠡᠭ ᠢ᠋ᠶ᠋ᠡᠨ ᠵᠠᠢᠯᠠᠭᠤᠯᠳᠠᠭ ᠪᠢᠯᠡ᠃
ᠪᠣᠯᠣᠷᠴᠠᠭᠠᠨ ᠴᠤ᠌ ᠡᠨᠡ ᠯᠣᠭᠢᠭ ᠠ᠋ᠴᠠ ᠭᠠᠷᠤᠭᠰᠠᠨ ᠦᠭᠡᠢ᠃ ᠡᠬᠢᠨ ᠳᠦ ᠪᠡᠨ ᠮᠤᠵᠢᠭᠤᠳᠠᠯᠠᠬᠤ ᠭᠡᠰᠡᠨ ᠪᠣᠯᠪᠠᠴᠤ ᠮᠠᠷᠭᠠᠰᠢ ᠨᠢ ᠨᠢᠭᠡᠨᠲᠡ ᠭᠡᠯᠳᠦᠷᠢᠬᠦᠶᠡ ᠪᠡᠷᠬᠡ ᠭᠡᠷᠡᠴᠢ ᠶ᠋ᠢᠨ ᠡᠮᠦᠨᠡ ᠣᠪᠣᠷ ᠢ᠋ᠶ᠋ᠠᠨ ᠥᠭᠡᠷᠡᠴᠢᠯᠡᠨ ᠲᠤᠰᠢᠶᠠᠬᠤ ᠪᠠᠷ ᠭᠤᠶᠤᠴᠢᠯᠠᠵᠤ ᠠᠭᠤᠴᠢᠯᠠᠯ ᠣᠯᠬᠤ ᠶ᠋ᠢ ᠬᠦᠰᠡᠵᠡᠢ᠃ ᠤᠷᠪᠠᠭᠠ ᠬᠥᠷᠪᠡᠭᠡ ᠠᠮᠢᠲᠠᠨ ᠶᠠᠯᠠ ᠪᠠᠨ ᠬᠦᠯᠢᠶᠡᠨ ᠠᠮᠠᠨ ᠥᠴᠢᠭ ᠢ᠋ᠶ᠋ᠡᠨ ᠥᠭᠭᠦᠭᠰᠡᠨ ᠳ᠋ᠦ᠍ ᠭᠦᠢᠴᠡᠳ ᠢᠲᠡᠭᠡᠭᠰᠡᠨ ᠦᠭᠡᠢ᠃ ᠬᠡᠷᠡᠭ ᠦ᠋ᠨ ᠲᠠᠯᠠᠪᠠᠢ ᠠ᠋ᠴᠠ ᠣᠯᠤᠭᠰᠠᠨ ᠵᠡᠭᠦᠦ ᠴᠣᠬᠢᠬᠤ ᠪᠠᠭᠠᠵᠢ᠂ ᠬᠣᠣᠷᠲᠤ ᠡᠮ ᠰᠠᠪᠠᠯᠠᠵᠤ ᠪᠠᠢᠭᠰᠠᠨ ᠯᠣᠩᠬᠣ ᠵᠡᠷᠭᠡ ᠬᠡᠷᠡᠭ ᠲᠡᠢ ᠭᠡᠷᠡᠴᠢ ᠪᠦᠬᠦᠨ ᠢ᠋ ᠨᠢᠭᠡ ᠨᠢᠭᠡ ᠪᠡᠷ ᠮᠡᠷᠭᠡᠵᠢᠯ ᠦ᠋ᠨ ᠲᠣᠳᠣᠯᠠᠯᠲᠠ ᠬᠢᠵᠦ ᠲᠡᠮᠳᠡᠭᠯᠡᠯ ᠰᠡᠭᠦᠳᠡᠷ ᠦᠯᠡᠳᠡᠭᠡᠭᠡᠳ ᠤᠭ ᠮᠠᠲ᠋ᠧᠷᠢᠶᠠᠯ ᠤ᠋ᠳ ᠢ᠋ ᠨᠢ ᠪᠦᠷ ᠨᠢᠭᠤᠴᠠ ᠶ᠋ᠢ ᠬᠠᠮᠠᠭᠠᠯᠠᠬᠤ ᠭᠡᠷ ᠲᠦ᠍ ᠪᠢᠲᠡᠭᠦᠮᠵᠢᠯᠡᠨ ᠬᠤᠷᠢᠶᠠᠵᠠᠢ᠃
ᠣᠯᠤᠭᠰᠠᠨ ᠭᠡᠷᠡᠴᠢ ᠪᠡᠨ ᠤᠯᠠᠮ ᠪᠠᠲᠤᠳᠬᠠᠬᠤ ᠶ᠋ᠢᠨ ᠲᠥᠯᠥᠭᠡ᠂ ᠦᠵᠡᠰᠬᠦᠯᠡᠩ ᠦ᠋ᠨ ᠰᠤᠳᠠᠯ᠂ ᠴᠢᠰᠤ ᠶ᠋ᠢ ᠵᠠᠳᠠᠯᠵᠤ ᠪᠠᠢᠴᠠᠭᠠᠬᠤ ᠳ᠋ᠤ᠌ ᠤᠤᠯ ᠤ᠋ᠨ D ᠮᠣᠵᠢ ᠶ᠋ᠢᠨ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠬᠠᠤᠯᠢ ᠶ᠋ᠢᠨ ᠡᠮᠴᠢ ᠶ᠋ᠢᠨ ᠮᠡᠷᠭᠡᠵᠢᠯᠲᠡᠨ᠂ ᠣᠳᠣ ᠶ᠋ᠢᠨ ᠲᠦᠮᠡᠨᠨᠠᠰᠤᠲᠤ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠳᠠᠷᠤᠭᠠ ᠭᠤᠸᠠᠨ ᠢᠦᠢ ᠱᠠᠨ ᠡᠪᠦᠭᠠᠢ ᠶ᠋ᠢ ᠳᠠᠭᠤᠳᠠᠵᠤ ᠲᠣᠪᠴᠢᠶᠠᠨ ᠤ᠋ ᠬᠠᠤᠯᠢ ᠶ᠋ᠢᠨ ᠡᠮᠴᠢ ᠶ᠋ᠢ ᠬᠠᠪᠰᠤᠷᠤᠭᠤᠯᠤᠨ ᠬᠢᠨᠠᠨ ᠲᠣᠭᠲᠠᠭᠠᠯ ᠬᠢᠯᠭᠡᠭᠰᠡᠨ ᠪᠠᠢᠨᠠ᠃
ᠪᠣᠯᠤᠷᠴᠠᠭᠠᠨ ᠤ᠋ ᠬᠡᠷᠡᠭ ᠦ᠋ᠨ ᠥᠩᠭᠡᠷᠡᠯᠲᠡ ᠶ᠋ᠢᠨ ᠲᠤᠬᠠᠢ ᠯᠢᠦ ᠸᠧᠨ ᠰᠢᠶᠠᠩ ᠤ᠋ᠨ ᠢᠩᠭᠢᠵᠦ ᠶᠠᠷᠢᠭᠰᠠᠨ ᠨᠢ ᠲᠦᠪᠰᠢᠨ ᠳ᠋ᠦ᠍ ᠶᠡᠬᠡ ᠬᠠᠩᠭᠠᠮᠵᠢ ᠲᠠᠢ ᠪᠣᠯᠤᠭᠰᠠᠨ ᠪᠣᠯᠤᠯᠲᠠᠢ᠃
ᠲᠦᠪᠰᠢᠨ ᠲᠡᠭᠦᠨ ᠦ᠌ ᠪᠦᠯᠲᠡᠭᠡᠷ ᠰᠢᠷᠦᠭᠦᠨ ᠨᠢᠳᠦ ᠶ᠋ᠢ ᠤᠳᠠᠲᠠᠯᠠ ᠢᠨᠢᠶᠡᠮᠰᠦᠭᠯᠡᠨ ᠬᠠᠷᠠᠵᠤ᠂ ᠬᠣᠶᠠᠷ ᠭᠠᠷ ᠢ᠋ ᠨᠢ ᠬᠥᠯᠥᠰᠥ ᠴᠢᠬᠠᠷᠠᠲᠠᠯᠠ ᠴᠢᠩᠭᠠ ᠠᠳᠬᠤᠨ ᠲᠠᠯᠠᠷᠬᠠᠭᠰᠠᠨ ᠢ᠋ᠶ᠋ᠠᠨ ᠢᠯᠡᠳᠬᠡᠵᠡᠢ᠃
ᠤᠩᠰᠢᠭᠰᠠᠨ ᠨᠢ᠄ ᠴᠡᠴᠡᠭᠮᠠ