ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠᠨ ᠨᠠᠢ᠍ᠮᠠ> Хялгасан дөрөөн дээр – Хасвулаг зохиов <18>
ᠬᠢᠯᠭᠠᠰᠤᠨ ᠳᠥᠷᠥᠭᠡᠨ ᠳᠡᠭᠡᠷ᠎ᠡ - <ᠠᠷᠪᠠᠨ ᠨᠠᠢ᠍ᠮᠠ>
ᠪᠣᠯᠤᠷᠴᠠᠭᠠᠨ ᠪᠠᠷᠢᠭᠳᠠᠭᠰᠠᠨ ᠤ᠋ ᠪᠠᠨ ᠳᠠᠷᠠᠭ᠎ᠠ ᠡᠬᠢᠯᠡᠭᠰᠡᠭᠡᠷ ᠶᠠᠭᠤ ᠶᠠᠷᠢᠬᠤ ᠪᠠᠨ ᠣᠯᠵᠤ ᠶᠠᠳᠠᠵᠤ ᠪᠠᠢᠭᠰᠠᠨ ᠬᠥᠮᠦᠨ ᠮᠠᠷᠭᠠᠰᠢ ᠥᠷᠯᠥᠭᠡ ᠨᠢ ᠨᠢᠭᠡ ᠡᠮᠡᠭᠲᠡᠢ ᠲᠡᠢ ᠨᠢᠭᠤᠴᠠ ᠪᠠᠷ ᠠᠭᠤᠯᠵᠠᠭᠰᠠᠨ ᠠ᠋ᠴᠠ ᠬᠣᠢᠰᠢ ᠦᠨᠡᠨ ᠢ᠋ᠶ᠋ᠡᠨ ᠲᠤᠰᠢᠶᠠᠬᠤ ᠪᠣᠯᠤᠭᠰᠠᠨ ᠭᠡᠳᠡᠭ ᠶᠠᠷᠢᠶ᠎ᠠ ᠶ᠋ᠢ ᠥᠩᠭᠡᠷᠡᠭᠰᠡᠨ ᠳ᠋ᠦ᠍ ᠮᠥᠷᠳᠡᠭᠴᠢᠳ ᠬᠡᠳᠦ ᠨᠡᠬᠡᠮᠵᠢᠯᠡᠭᠡᠳ ᠦᠷ᠎ᠡ ᠳ᠋ᠦᠩ ᠦᠭᠡᠢ ᠬᠠᠶᠠᠴᠢᠬᠠᠭᠰᠠᠨ ᠪᠠᠢᠵᠠᠢ᠃
ᠲᠦᠪᠰᠢᠨ ᠬᠠᠷᠢᠨ ᠡᠨᠡ ᠶᠠᠷᠢᠶ᠎ᠠ ᠶ᠋ᠢ ᠲᠡᠭᠡᠵᠦ ᠳᠥᠭᠥᠮ ᠲᠦᠳᠡᠬᠡᠨ ᠢ᠋ᠶ᠋ᠡᠷ ᠦᠵᠡᠭᠰᠡᠨ ᠦᠭᠡᠢ᠃ ᠬᠡᠷᠪᠡ ᠡᠢᠮᠦ ᠤᠴᠢᠷ ᠪᠠᠢᠪᠠᠯ ᠬᠠᠮᠢᠶ᠎ᠠ ᠦᠭᠡᠢ ᠬᠠᠶᠠᠭᠠᠨ ᠳ᠋ᠤᠨᠢ ᠬᠠᠶᠠᠴᠢᠬᠠᠬᠤ ᠭᠡᠳᠡᠭ ᠴᠢᠨᠢ ᠨᠠᠭᠠᠳᠤᠮ ᠪᠢᠰᠢ ᠤᠤ? ᠭᠡᠵᠦ ᠪᠣᠳᠣᠬᠤ ᠳᠤ ᠪᠠᠨ ᠥᠨᠥᠳᠥᠷ ᠬᠥᠬᠡᠲᠤᠯᠢ ᠪᠠᠷ ᠲᠡᠷᠭᠡ ᠵᠢᠯᠣᠭᠣᠳᠤᠭᠤᠯᠤᠨ ᠮᠤᠷᠤᠢ ᠮᠤᠰᠢᠭᠠᠢ ᠠᠭᠤᠯᠠᠨ ᠵᠠᠮ ᠢ᠋ᠶ᠋ᠠᠷ ᠬᠣᠶᠠᠷ ᠴᠠᠭ ᠭᠠᠷᠤᠢ ᠶᠠᠪᠤᠭᠠᠳ 《ᠲᠡᠮᠡᠭᠡᠨ ᠪᠦᠭᠦᠳᠦ ᠠᠭᠤᠯᠠᠨ》 ᠳ᠋ᠠᠬᠢ ᠬᠥᠳᠡᠯᠮᠦᠷᠢ ᠪᠡᠷ ᠥᠭᠡᠷᠡᠴᠢᠯᠡᠬᠦ ᠲᠠᠯᠠᠪᠠᠢ ᠳ᠋ᠤ᠌ ᠬᠦᠷᠴᠦ ᠢᠷᠡᠯ᠎ᠡ᠃ ᠲᠡᠷᠡ ᠬᠣᠶᠠᠷ ᠬᠡᠳᠦᠨ ᠰᠠᠷ᠎ᠠ ᠶ᠋ᠢᠨ ᠡᠮᠦᠨ᠎ᠡ ᠲᠦᠮᠡᠨᠨᠠᠰᠤᠲᠤ ᠬᠣᠲᠠ ᠶ᠋ᠢᠨ ᠭᠢᠨᠳᠠᠨ ᠳ᠋ᠤ᠌ ᠳᠠᠷᠤᠭᠳᠠᠵᠤ ᠪᠠᠢᠭᠠᠳ ᠡᠳᠦᠭᠡ ᠡᠨᠳᠡ ᠥᠭᠡᠷᠡᠴᠢᠯᠡᠭᠳᠡᠬᠦ ᠪᠡᠷ ᠢᠷᠡᠭᠰᠡᠨ ᠯᠢ ᠹᠧᠩ ᠮᠢᠩ ᠲᠡᠢ ᠠᠭᠤᠯᠵᠠᠬᠤ ᠪᠠᠷ ᠢᠷᠡᠵᠡᠢ᠃
ᠯᠠᠪᠯᠠᠵᠤ ᠠᠰᠠᠭᠤᠭᠰᠠᠨ ᠢ᠋ᠶ᠋ᠠᠷ ᠡᠨᠡ ᠶᠠᠯᠠᠲᠠᠨ ᠬᠠᠮᠤᠭ ᠤ᠋ᠨ ᠲᠦᠷᠦᠭᠦᠦ ᠪᠣᠯᠤᠷᠴᠠᠭᠠᠨ ᠢ᠋ ᠡᠢᠮᠦ ᠲᠡᠢᠮᠦ ᠬᠥᠮᠦᠨ ᠲᠡᠢ ᠠᠭᠤᠯᠵᠠᠯ᠎ᠠ ᠭᠡᠵᠦ ᠶᠠᠷᠢᠶ᠎ᠠ ᠲᠠᠷᠬᠠᠭᠠᠭᠰᠠᠨ ᠭᠡᠳᠡᠭ᠃
ᠠᠷᠠᠢ ᠠᠷᠪᠠᠭᠠᠳ ᠮᠢᠨᠦ᠋ᠲ ᠪᠣᠯᠤᠭᠰᠠᠨ ᠦᠭᠡᠢ ᠪᠡᠷ ᠲᠡᠷᠡ ᠬᠣᠶᠠᠭᠤᠯᠠ ᠶ᠋ᠢᠨ ᠡᠮᠦᠨ᠎ᠡ ᠥᠪᠴᠢ ᠪᠡᠶ᠎ᠡ ᠶᠠᠯᠠᠲᠠᠨ ᠤ᠋ ᠬᠤᠪᠴᠠᠰᠤ ᠡᠮᠦᠰᠦᠭᠰᠡᠨ ᠳᠤᠮᠳᠠ ᠨᠠᠰᠤᠨ ᠤ᠋ ᠨᠠᠪᠲᠠᠭᠠᠷ ᠬᠠᠷ᠎ᠠ ᠬᠥᠮᠦᠨ ᠣᠷᠣᠵᠤ ᠢᠷᠡᠭᠡᠳ ᠨᠡᠯᠢᠶᠡᠳ ᠵᠠᠢᠲᠠᠢ ᠪᠥᠬᠦᠢᠨ ᠵᠣᠭᠰᠣᠪᠠ᠃ ᠡᠨᠡ ᠲᠠᠷᠢᠶᠠᠴᠢᠨ ᠡᠷ᠎ᠡ ᠨᠠᠢ᠍ᠮᠠᠨ ᠰᠠᠷ᠎ᠠ ᠶ᠋ᠢᠨ ᠡᠮᠦᠨ᠎ᠡ ᠬᠦᠷᠢ ᠥᠬᠢᠨ ᠳᠡᠭᠦᠦ ᠶ᠋ᠢᠨ ᠢ᠋ᠶ᠋ᠡᠨ ᠤᠷᠤᠭ ᠤ᠋ᠨ ᠬᠡᠷᠡᠭ ᠢ᠋ᠶ᠋ᠡᠷ ᠨᠠᠭᠠᠳᠤᠮ ᠬᠢᠵᠦ ᠠᠮᠢᠨ ᠬᠡᠷᠡᠭ ᠲᠦ᠍ ᠬᠣᠯᠪᠣᠭᠳᠠᠭᠠᠳ ᠠᠷᠪᠠᠨ ᠵᠢᠯ ᠦ᠋ᠨ ᠡᠷᠡᠭᠦᠦ ᠰᠢᠢᠳᠬᠡᠯ ᠠᠷᠠᠯᠵᠢᠨ ᠣᠯᠤᠭᠰᠠᠨ ᠭᠡᠳᠡᠭ ᠢ᠋ ᠲᠦᠪᠰᠢᠨ ᠨᠢᠭᠡᠨᠲᠡ ᠮᠡᠳᠡᠵᠡᠢ᠃
ᠲᠦᠪᠰᠢᠨ ᠬᠠᠵᠠᠭᠤ ᠳ᠋ᠠᠬᠢ ᠰᠠᠨᠳᠠᠯᠢ ᠪᠠᠨ ᠵᠢᠭᠠᠨ ᠲᠡᠭᠦᠨ ᠢ᠋ ᠰᠠᠭᠤᠯᠭᠠᠭᠠᠳ᠂ ᠣᠪᠣᠭ ᠨᠡᠷ᠎ᠡ ᠶ᠋ᠢ ᠨᠢ ᠠᠰᠠᠭᠤᠨ ᠢᠷᠡᠭᠰᠡᠨ ᠵᠣᠷᠢᠯᠭ᠎ᠠ ᠪᠠᠨ ᠬᠡᠯᠡᠵᠦ᠂ ᠲᠡᠭᠦᠨ ᠢ᠋ ᠰᠠᠢᠲᠤᠷ ᠪᠣᠳᠣᠯᠬᠢᠯᠠᠵᠤ ᠪᠠᠢᠭᠠᠳ ᠦᠨᠡᠨᠴᠢ ᠪᠡᠷ ᠲᠤᠰᠬᠠᠬᠤ ᠶ᠋ᠢ ᠱᠠᠭᠠᠷᠳᠠᠭᠰᠠᠨ ᠤ᠋ ᠳᠠᠷᠠᠭ᠎ᠠ᠂ ᠨᠢᠭᠡ ᠭᠣᠳᠣᠯᠢ ᠲᠠᠮᠠᠬᠢ ᠭᠠᠷᠭᠠᠵᠤ ᠨᠣᠴᠣᠭᠠᠭᠠᠳ᠂ ᠯᠢ ᠹᠧᠩ ᠮᠢᠩ ᠦ᠋ᠨ ᠴᠢᠷᠠᠢ ᠶ᠋ᠢ ᠴᠣᠭᠣᠷᠣᠲᠠᠯ᠎ᠠ ᠰᠢᠷᠳᠡᠨ ᠲᠠᠮᠠᠬᠢ ᠪᠠᠨ ᠠᠭᠠᠵᠢᠭᠤᠬᠠᠨ ᠲᠠᠲᠠᠵᠤ ᠰᠠᠭᠤᠯ᠎ᠠ᠃ ᠯᠢ ᠹᠧᠩ ᠮᠢᠩ ᠲᠦᠪᠰᠢᠨ ᠢ᠋ ᠦᠵᠡᠮᠡᠭᠴᠡ ᠲᠠᠨᠢᠵᠠᠢ᠃
ᠯᠢ ᠹᠧᠩ ᠮᠢᠩ ᠢ᠋ ᠲᠦᠮᠡᠨᠨᠠᠰᠤᠲᠤ ᠬᠣᠲᠠ ᠶ᠋ᠢᠨ ᠶᠡᠬᠡ ᠭᠢᠨᠳᠠᠨ ᠳ᠋ᠤ᠌ ᠪᠠᠢᠬᠤ ᠳ᠋ᠤ᠌ ᠡᠨᠡ ᠰᠢᠷ᠎ᠠ ᠴᠢᠷᠠᠢᠲᠠᠢ ᠲᠢᠩᠬᠢᠮ ᠦ᠋ᠨ ᠳᠠᠷᠤᠭ᠎ᠠ ᠬᠣᠷᠢᠭᠤᠯ ᠤ᠋ᠨ ᠭᠠᠵᠠᠷ ᠢ᠋ᠶ᠋ᠠᠷ ᠦᠷᠭᠦᠯᠵᠢ ᠢᠷᠡᠬᠦ ᠨᠢ ᠬᠠᠷᠠᠭᠳᠠᠳᠠᠭ᠃ ᠲᠡᠭᠦᠨ ᠦ᠌ ᠲᠤᠬᠠᠢ ᠡᠯᠳᠡᠪ ᠦ᠋ᠨ ᠦᠯᠢᠭᠡᠷ ᠶᠠᠯᠠᠲᠠᠨ ᠤ᠋ ᠳᠤᠮᠳᠠ ᠳᠡᠯᠭᠡᠷᠡᠵᠦ ᠪᠠᠢᠭᠰᠠᠨ᠃ ᠲᠡᠭᠡᠭᠡᠳ ᠰᠦᠷᠡᠬᠡᠢ ᠯᠡ ᠤᠪᠠᠳᠢᠰ ᠡᠷᠳᠡᠮ ᠲᠡᠢ ᠬᠥᠮᠦᠨ ᠭᠡᠮᠡᠨ ᠪᠢᠰᠢᠷᠡᠵᠡᠭᠡᠳᠡᠭ᠃ ᠥᠨᠥᠳᠥᠷ ᠲᠡᠷᠡ ᠲᠦᠪᠰᠢᠨ ᠢ᠋ ᠦᠵᠡᠮᠡᠭᠴᠡ ᠥᠪᠡᠷ ᠢ᠋ ᠪᠡᠨ ᠪᠠᠰᠠ ᠶᠠᠮᠠᠷ ᠨᠢᠭᠡᠨ ᠬᠡᠷᠡᠭ ᠲᠦ᠍ ᠬᠣᠯᠪᠣᠭᠳᠠᠭᠰᠠᠨ ᠪᠣᠯ? ᠭᠡᠵᠦ ᠬᠢᠷᠳ᠋ᠬᠢᠨ ᠰᠣᠴᠢᠵᠠᠢ᠃ ᠰᠣᠨᠣᠰᠬᠤ ᠳ᠋ᠤ᠌ ᠡᠨᠡ ᠳᠠᠷᠤᠭ᠎ᠠ ᠬᠥᠩᠭᠡᠨ ᠶᠠᠯᠠᠲᠠᠨ ᠤ᠋ ᠬᠡᠷᠡᠭ ᠢ᠋ ᠶᠡᠷᠦ ᠡᠴᠡ ᠪᠡᠶ᠎ᠡ ᠪᠡᠷ ᠢ᠋ᠶ᠋ᠡᠨ ᠭᠠᠷᠳᠠᠵᠤ ᠪᠠᠢᠴᠠᠭᠠᠳᠠᠭ ᠦᠭᠡᠢ ᠭᠡᠨ᠎ᠡ ᠪᠢᠯᠡ᠃ ᠶᠠᠮᠠᠷ ᠬᠡᠷᠡᠭ ᠤᠴᠢᠷ ᠲᠤ᠌ ᠬᠣᠯᠪᠣᠭᠳᠠᠭᠰᠠᠨ ᠪᠣᠯ? ᠴᠣᠬᠣᠮ ᠠᠰᠢᠭ ᠲᠠᠢ ᠤᠤ ᠠᠰᠢᠭ ᠦᠭᠡᠢ ᠤᠤ? ᠭᠡᠵᠦ ᠰᠠᠨᠠᠭᠠᠰᠢᠷᠠᠯ ᠪᠣᠯᠪᠠ᠃ ᠬᠡᠳᠦᠨ ᠰᠠᠷ᠎ᠠ ᠶ᠋ᠢᠨ ᠡᠮᠦᠨ᠎ᠡ ᠭᠢᠨᠳᠠᠨ ᠳ᠋ᠤ᠌ ᠰᠠᠭᠤᠨ ᠰᠢᠭᠦᠨ ᠲᠠᠰᠤᠯᠤᠯᠲᠠ ᠪᠠᠨ ᠬᠦᠯᠢᠶᠡᠵᠦ ᠪᠠᠢᠭ᠎ᠠ ᠦᠶ᠎ᠡ ᠳ᠋ᠦ᠍᠂ ᠪᠣᠯᠤᠷᠴᠠᠭᠠᠨ ᠤ᠋ ᠲᠤᠬᠠᠢ ᠲᠠᠷᠬᠠᠭᠠᠭᠰᠠᠨ ᠦᠭᠡ ᠶᠠᠷᠢᠶ᠎ᠠ ᠪᠠᠨ ᠳᠠᠷᠤᠵᠤ ᠨᠢᠭᠤᠬᠤ ᠰᠠᠨᠠᠭ᠎ᠠ ᠯᠢ ᠹᠧᠩ ᠮᠢᠩ ᠳ᠋ᠦ᠍ ᠥᠴᠦᠬᠡᠨ ᠴᠦ᠍ ᠪᠠᠢᠭᠰᠠᠨ ᠦᠭᠡᠢ᠃
ᠬᠠᠷᠢᠨ ᠮᠡᠳᠡᠭᠰᠡᠨ ᠢ᠋ᠶ᠋ᠡᠨ ᠬᠡᠯᠡᠵᠦ ᠦᠵᠡᠭᠰᠡᠨ ᠢ᠋ᠶ᠋ᠡᠨ ᠶᠠᠷᠢᠬᠤ ᠳ᠋ᠤ᠌ ᠡᠷᠡᠭᠡᠯᠵᠡᠭᠡ ᠦᠭᠡᠢ ᠪᠠᠢᠯ᠎ᠠ᠃
ᠲᠡᠭᠦᠨ ᠦ᠌ ᠡᠷᠭᠢᠴᠡᠭᠦᠯᠦᠯ ᠢ᠋ᠶ᠋ᠡᠷ ᠪᠣᠯ ᠬᠠᠭᠠᠰ ᠵᠢᠯ ᠦ᠋ᠨ ᠡᠮᠦᠨᠡᠬᠢ ᠨᠢᠭᠡ ᠦᠳᠡᠰᠢ ᠶ᠋ᠢᠨ ᠠᠷᠪᠠᠨ ᠴᠠᠭ ᠤ᠋ᠨ ᠦᠶ᠎ᠡ ᠳ᠋ᠦ᠍ ᠬᠣᠷᠢᠭᠤᠯ ᠤ᠋ᠨ ᠭᠠᠵᠠᠷ ᠤ᠋ᠨ ᠶᠠᠯᠠᠲᠠᠨ ᠨᠤᠭᠤᠳ ᠢ᠋ ᠤᠨᠲᠠᠬᠤ ᠭᠡᠵᠦ ᠪᠠᠢᠲᠠᠯ᠎ᠠ ᠪᠣᠯᠤᠷᠴᠠᠭᠠᠨ ᠭᠡᠭᠴᠢ ᠶᠠᠯᠠᠲᠠᠨ ᠢ᠋ ᠠᠪᠴᠢᠷᠠᠵᠤ ᠯᠢ ᠹᠧᠩ ᠮᠢᠩ ᠲᠡᠢ ᠬᠠᠮᠲᠤ ᠰᠠᠭᠤᠯᠭᠠᠵᠠᠢ᠃
ᠰᠢᠨ᠎ᠡ ᠣᠷᠣᠵᠤ ᠢᠷᠡᠭᠰᠡᠨ ᠡᠨᠡ ᠬᠦ᠌ ᠥᠨᠳᠥᠷ ᠨᠠᠷᠢᠬᠠᠨ ᠡᠷ᠎ᠡ ᠴᠣᠬᠣᠮ ᠶᠡᠷᠦ ᠡᠴᠡ ᠪᠡᠨ ᠦᠭᠡ ᠳᠠᠭᠤ ᠴᠥᠭᠡᠨ ᠬᠥᠮᠦᠨ ᠶᠦᠮ ᠤᠤ? ᠡᠰᠡᠪᠡᠯ ᠲᠡᠷᠡ ᠦᠳᠡᠰᠢ ᠬᠡᠷᠡᠭ ᠲᠦ᠍ ᠰᠠᠨᠠᠭᠠᠰᠢᠷᠠᠭᠠᠳ ᠳᠤᠤᠭᠠᠷᠠᠬᠤ ᠳᠤᠷ᠎ᠠ ᠦᠭᠡᠢ ᠪᠠᠢᠭᠰᠠᠨ ᠶᠤᠮ ᠤᠤ? ᠳᠡᠮᠡᠢ ᠣᠯᠠᠨ ᠦᠭᠡ ᠬᠡᠯᠡᠬᠦ ᠦᠭᠡᠢ ᠪᠠᠢᠯ᠎ᠠ᠃ ᠬᠣᠷᠢᠭᠤᠯ ᠤ᠋ᠨ ᠭᠠᠵᠠᠷ ᠤ᠋ᠨ ᠶᠠᠯᠠᠲᠠᠨ ᠨᠤᠭᠤᠳ ᠰᠢᠨ᠎ᠡ ᠶᠠᠯᠠᠲᠠᠨ ᠢᠷᠡᠪᠡᠯ ᠲᠡᠭᠦᠨ ᠦ᠌ ᠬᠢᠭᠰᠡᠨ ᠶᠠᠯ᠎ᠠ ᠶ᠋ᠢ ᠨᠢ ᠡᠯᠳᠡᠪ ᠦ᠋ᠨ ᠠᠷᠭ᠎ᠠ ᠪᠠᠷ ᠠᠰᠠᠭᠤᠵᠤ ᠮᠡᠳᠡᠳᠡᠭ᠃ ᠡᠨᠡ ᠨᠢ ᠭᠣᠣᠯᠳᠠᠭᠤ ᠨᠢᠭᠡ ᠳ᠋ᠦ᠍ ᠬᠢᠳᠡᠯ ᠦᠭᠡᠢ᠂ ᠬᠣᠶᠠᠷ ᠲᠤ᠌ ᠰᠣᠨᠢᠷᠬᠠᠵᠤ ᠭᠠᠢᠬᠠᠬᠤ ᠠ᠋ᠴᠠ ᠪᠣᠯᠵᠠᠢ᠃ ᠪᠠᠰᠠ ᠵᠠᠷᠢᠮ ᠳᠤ ᠪᠠᠨ ᠨᠢᠭᠡ ᠨᠢᠭᠡᠨ ᠳᠦ ᠪᠡᠨ ᠶᠠᠯ᠎ᠠ ᠶ᠋ᠢ ᠨᠢ ᠤᠷᠢᠳᠴᠢᠯᠠᠨ ᠲᠣᠭᠲᠠᠭᠠᠳᠠᠭ ᠪᠢᠯᠡ᠃ ᠰᠢᠨ᠎ᠡ ᠢᠷᠡᠭᠰᠡᠨ ᠬᠥᠮᠦᠰ ᠬᠡᠷᠪᠡ ᠦᠨᠡᠨ ᠢ᠋ᠶ᠋ᠡᠨ ᠲᠤᠰᠢᠶᠠᠬᠤ ᠦᠭᠡᠢ᠂ ᠭᠡᠭᠰᠡᠨ ᠶᠠᠯ᠎ᠠ ᠪᠠᠨ ᠬᠡᠯᠡᠬᠦ ᠦᠭᠡᠢ ᠪᠣᠯ ᠵᠣᠳᠣᠵᠤ ᠡᠯᠳᠡᠵᠦ ᠪᠠᠢᠭᠠᠳ ᠴᠦ᠍ ᠲᠤᠰᠢᠶᠠᠯᠭᠠᠨ᠎ᠠ᠃ ᠭᠡᠲᠡᠯ᠎ᠡ ᠲᠡᠷᠡ ᠪᠣᠯᠤᠷᠴᠠᠭᠠᠨ ᠠ᠋ᠴᠠ ᠳᠠᠬᠢᠨ ᠳᠠᠪᠲᠠᠨ ᠠᠰᠠᠭᠤᠭᠰᠠᠨ ᠴᠦ᠍ ᠬᠡᠯᠡᠬᠦ ᠦᠭᠡᠢ ᠮᠥᠷᠲᠡᠭᠡᠨ ᠨᠢᠭᠤᠷ ᠴᠢᠷᠠᠢ ᠨᠢ ᠶᠠᠭ ᠯᠠ ᠮᠡᠯᠡᠷᠡᠨ ᠲᠡᠨᠡᠭᠰᠢᠷᠡᠭᠰᠡᠨ ᠪᠠᠢᠳᠠᠯ ᠲᠠᠢ ᠪᠠᠢᠪᠠ᠃
ᠡᠨᠡ ᠦᠶ᠎ᠡ ᠳ᠋ᠦ᠍ ᠨᠢᠭᠡᠨᠲᠡ ᠣᠷᠣᠢᠲᠠᠭᠰᠠᠨ ᠲᠤᠯᠠ ᠳᠠᠬᠢᠭᠠᠳ ᠤᠬᠤᠴᠢᠯᠠᠨᠰᠠᠨ ᠦᠭᠡᠢ ᠤᠨᠲᠠᠵᠠᠭᠠᠯᠠ᠃ ᠳᠡᠮᠡᠢ ᠤᠳᠠᠭᠰᠠᠨ ᠦᠭᠡᠢ ᠪᠣᠯᠤᠷᠴᠠᠭᠠᠨ ᠲᠡᠭᠦᠨ ᠲᠡᠢ ᠣᠷᠣ ᠪᠠᠨ ᠵᠡᠷᠭᠡᠴᠡᠭᠦᠯᠦᠨ ᠬᠡᠪᠲᠡᠭᠰᠡᠨ ᠪᠣᠯᠪᠠᠴᠤ ᠨᠠᠭᠠᠰᠢ ᠴᠠᠭᠠᠰᠢ ᠡᠷᠭᠢᠵᠦ ᠬᠥᠷᠪᠡᠭᠡᠳ ᠶᠡᠷᠦ ᠤᠨᠲᠠᠬᠤ ᠦᠭᠡᠢ ᠪᠠᠢᠯ᠎ᠠ᠃ ᠦᠦᠷ ᠴᠠᠢᠬᠤ ᠶ᠋ᠢᠨ ᠦᠶ᠎ᠡ ᠪᠡᠷ ᠪᠤᠰᠤᠳ ᠶᠠᠯᠠᠲᠠᠨ ᠨᠠᠷ ᠰᠡᠷᠡᠬᠦ ᠳ᠋ᠦ᠍ ᠲᠡᠷᠡ ᠪᠠᠰᠠ ᠤᠨᠲᠠᠭᠠᠳᠤᠢ ᠪᠠᠢᠬᠤ ᠰᠢᠭ᠋ ᠪᠠᠢᠪᠠ᠃
ᠯᠢ ᠹᠧᠩ ᠮᠢᠩ ᠲᠡᠭᠦᠨ ᠳ᠋ᠦ᠍ ᠣᠢᠷᠠᠲᠤᠨ᠄
— ᠴᠢ ᠶᠠᠮᠠᠷ ᠶᠠᠯ᠎ᠠ ᠬᠢᠭᠰᠡᠨ ᠴᠦ᠍ ᠤᠨᠲᠠᠵᠤ ᠠᠮᠠᠷᠠᠨ᠎ᠠ ᠰᠢᠲᠠ᠃ ᠤᠨᠲᠠᠬᠤ ᠦᠭᠡᠢ ᠪᠣᠯ ᠪᠡᠶ᠎ᠡ ᠴᠢᠨᠢ ᠲᠡᠰᠬᠦ ᠦᠭᠡᠢ ᠰᠢᠦ ᠭᠡᠵᠡᠢ᠃ ᠪᠣᠯᠤᠷᠴᠠᠭᠠᠨ ᠳᠡᠷᠭᠡᠳᠡᠬᠢ ᠬᠥᠮᠦᠰ ᠢ᠋ᠶ᠋ᠡᠨ ᠬᠠᠷᠠᠰᠬᠢᠭᠡᠳ᠄ 《ᠪᠢ ᠶᠠᠮᠠᠷ ᠶᠠᠯ᠎ᠠ ᠬᠢᠭᠰᠡᠨ ᠢ᠋ᠶ᠋ᠡᠨ ᠥᠪᠡᠷ ᠢ᠋ᠶ᠋ᠡᠨ ᠴᠦ᠍ ᠮᠡᠳᠡᠬᠦ ᠦᠭᠡᠢ ᠪᠠᠢᠨ᠎ᠠ》 ᠭᠡᠵᠦ ᠤᠢᠳᠬᠠᠷᠲᠠᠢᠬᠠᠨ ᠬᠡᠯᠡᠪᠡ᠃ ᠲᠡᠭᠡᠬᠦ ᠳ᠋ᠦ᠍ ᠯᠢ ᠹᠧᠩ ᠮᠢᠩ ᠡᠨᠡ ᠴᠦ᠍ ᠶᠣᠰᠣᠲᠠᠢ ᠨᠢᠭᠡ ᠮᠤᠵᠢᠭᠤᠳᠠ ᠡᠷ᠎ᠡ ᠪᠠᠢᠬ᠎ᠠ᠃ ᠡᠭᠦᠨ ᠳ᠋ᠦ᠍ ᠵᠢᠭᠠᠬᠠᠨ ᠵᠡᠷᠯᠢᠭ ᠰᠤᠡᠭᠭᠢᠨᠠᠭ ᠢᠳᠡᠭᠦᠯᠵᠦ᠂ ᠦᠨᠡᠨ ᠢ᠋ ᠨᠢ ᠰᠣᠨᠣᠰᠤᠶ᠎ᠠ ᠭᠡᠵᠦ ᠴᠦ᠍ ᠪᠣᠳᠣᠵᠤ ᠪᠠᠢᠪᠠ᠃ ᠦᠭᠡᠢ ᠪᠣᠯ ᠶᠠᠭᠤᠨ ᠳ᠋ᠤ᠌ ᠡᠢᠮᠦ ᠦᠭᠡ ᠬᠡᠯᠡᠵᠦ᠂ ᠡᠢᠮᠦ ᠣᠪᠣᠷ ᠠᠪᠬᠤ ᠪᠣᠢ? ᠭᠡᠵᠦ ᠪᠣᠳᠣᠵᠠᠢ᠃ ᠲᠦᠪᠰᠢᠨ ᠲᠠᠮᠠᠬᠢ ᠪᠠᠨ ᠲᠠᠲᠠᠬᠤ ᠶ᠋ᠢᠨ ᠳᠠᠭᠠᠤ ᠯᠢ ᠹᠧᠩ ᠮᠢᠩ ᠢ᠋ ᠨᠢᠳᠦ ᠰᠢᠯᠵᠢᠯ ᠦᠭᠡᠢ ᠬᠠᠷᠠᠵᠤ ᠪᠠᠢᠭᠰᠠᠨ ᠢ᠋ᠶ᠋ᠠᠨ ᠭᠡᠨᠡᠳᠲᠡ᠄
— ᠪᠢᠳᠡᠨ ᠦ᠌ ᠣᠢᠯᠠᠭᠠᠭᠰᠠᠨ ᠢ᠋ᠶ᠋ᠠᠷ ᠪᠣᠯᠤᠷᠴᠠᠭᠠᠨ ᠢ᠋ ᠬᠣᠷᠢᠭᠤᠯ ᠤ᠋ᠨ ᠭᠠᠵᠠᠷ ᠲᠤ᠌ ᠢᠷᠡᠭᠰᠡᠨ ᠦ᠌ ᠮᠠᠷᠭᠠᠰᠢ ᠥᠷᠯᠥᠭᠡ ᠨᠢ ᠨᠢᠭᠡ ᠡᠮᠡᠭᠲᠡᠢ ᠲᠡᠭᠦᠨ ᠲᠡᠢ ᠠᠭᠤᠯᠵᠠᠵᠤ ᠶᠠᠷᠢᠯᠴᠠᠭᠰᠠᠨ ᠭᠡᠵᠦ ᠴᠢ ᠬᠥᠮᠦᠨ ᠳ᠋ᠦ᠍ ᠬᠡᠯᠡᠭᠰᠡᠨ ᠭᠡᠨ᠎ᠡ᠃ ᠦᠨᠡᠨ ᠤᠤ? ᠭᠡᠵᠦ ᠠᠰᠠᠭᠤᠯᠲᠠ ᠪᠠᠨ ᠡᠬᠢᠯᠡᠭᠦᠯᠪᠡ᠃
— ᠲᠡᠷᠡ ᠪᠣᠯ ᠮᠢᠨᠦ ᠪᠣᠯᠭᠣᠮᠵᠢ ᠦᠭᠡᠢ ᠪᠡᠷ ᠬᠡᠯᠡᠭᠰᠡᠨ ᠬᠠᠷᠢᠭᠤᠴᠠᠯᠭ᠎ᠠ ᠦᠭᠡᠢ ᠦᠭᠡ᠃ ᠵᠠᠰᠠᠭ ᠤ᠋ᠨ ᠭᠠᠵᠠᠷ ᠠ᠋ᠴᠠ ᠨᠠᠮ᠎ᠠ ᠶᠢ ᠠᠭᠤᠴᠢᠯᠠᠬᠤ ᠶ᠋ᠢ ᠬᠦᠰᠡᠶ᠎ᠡ᠃ ᠪᠢ ᠭᠡᠳᠡᠭ ᠠᠮᠢᠲᠠᠨ ᠯᠠ ᠠᠮᠠ ᠰᠤᠯᠠ ᠪᠠᠢᠳᠠᠭ᠃
— ᠪᠢᠳᠡ ᠴᠢᠮ᠎ᠠ ᠠᠴᠠ ᠡᠭᠦᠨ ᠡᠴᠡ ᠬᠠᠷᠢᠭᠤᠴᠠᠯᠭ᠎ᠠ ᠨᠡᠬᠡᠵᠦ ᠪᠠᠢᠬᠤ ᠪᠢᠰᠢ᠂ ᠴᠢ ᠶᠠᠭᠠᠬᠢᠭᠠᠳ ᠡᠢᠮᠦ ᠦᠭᠡ ᠬᠡᠯᠡᠶ᠎ᠡ ᠭᠡᠵᠦ ᠪᠣᠳᠣᠭᠰᠠᠨ ᠢ᠋ ᠴᠢᠨᠢ ᠠᠰᠠᠭᠤᠵᠤ ᠪᠠᠢᠨ᠎ᠠ᠃ ᠪᠢᠳᠡᠨ ᠳ᠋ᠦ᠍ ᠲᠣᠳᠣᠷᠬᠠᠢ ᠬᠡᠯᠡᠭᠡᠷᠡᠢ᠃
— ᠤᠤᠯ ᠨᠢ ᠡᠢᠮᠦ ᠶᠦᠮ᠃ ᠪᠣᠯᠤᠷᠴᠠᠭᠠᠨ ᠢ᠋ ᠢᠷᠡᠭᠰᠡᠨ ᠦ᠌ ᠳᠠᠷᠠᠭ᠎ᠠ ᠥᠷᠯᠥᠭᠡ ᠶ᠋ᠢᠨ ᠬᠣᠭᠣᠯᠠ ᠪᠣᠯᠬᠤ ᠦᠶ᠎ᠡ ᠳ᠋ᠦ᠍ ᠲᠣᠭᠣᠭᠠᠴᠢ ᠡᠪᠦᠭᠡᠨ ᠠᠷᠤ ᠴᠣᠩᠬᠣ ᠪᠠᠷ᠄《ᠭᠤᠷᠪᠠᠳᠤᠭᠠᠷ ᠭᠡᠷ ᠦ᠋ᠨ ᠯᠢ ᠹᠧᠩ ᠮᠢᠩ᠂ ᠪᠣᠯᠤᠷᠴᠠᠭᠠᠨ ᠬᠣᠶᠠᠭᠤᠯᠠ ᠪᠤᠳᠠᠭ᠎ᠠ ᠵᠥᠭᠡᠭᠡᠬᠦ ᠪᠡᠷ ᠢᠷ᠎ᠡ》 ᠭᠡᠵᠦ ᠲᠠᠭᠤᠲᠠᠯ᠎ᠠ᠃ ᠡᠨᠡ ᠨᠢ ᠨᠠᠳᠠ ᠪᠠᠬᠠᠨ ᠬᠠᠴᠢᠨ ᠰᠠᠨᠠᠭᠳᠠᠭᠰᠠᠨ᠃ ᠲᠣᠭᠲᠠᠭᠰᠠᠨ ᠲᠠᠰ ᠳᠠᠷᠠᠭᠠᠯᠠᠯ ᠢ᠋ᠶ᠋ᠠᠷ ᠪᠣᠯ ᠲᠡᠷᠡ ᠥᠷᠯᠥᠭᠡ ᠲᠠᠪᠤᠳᠤᠭᠠᠷ ᠭᠡᠷ ᠦ᠋ᠨ ᠶᠠᠯᠠᠲᠠᠨ ᠨᠤᠭᠤᠳ ᠪᠤᠳᠠᠭ᠎ᠠ ᠵᠥᠭᠡᠭᠡᠬᠦ ᠶᠣᠰᠣᠲᠠᠢ ᠶᠤᠮ᠃
— ᠲᠡᠷᠡ ᠴᠦ᠍ ᠪᠠᠢᠲᠤᠭᠠᠢ ᠪᠣᠯᠤᠷᠴᠠᠭᠠᠨ ᠰᠢᠭ᠋ ᠰᠢᠨ᠎ᠡ ᠶᠠᠯᠠᠲᠠᠨ ᠢ᠋ ᠡᠩ ᠦ᠋ᠨ ᠪᠠᠢᠳᠠᠯ ᠳᠣᠣᠷ᠎ᠠ ᠪᠤᠳᠠᠭ᠎ᠠ ᠵᠥᠭᠡᠭᠡᠯᠭᠡᠬᠦ ᠦᠭᠡᠢ ᠪᠠᠢᠳᠠᠭ ᠶᠤᠮ᠃ ᠬᠡᠵᠢᠶ᠎ᠡ ᠶᠠᠯ᠎ᠠ ᠨᠢ ᠲᠣᠳᠣᠷᠬᠠᠢ ᠪᠣᠯᠪᠠᠯ ᠰᠠᠶᠢ ᠨᠠᠭᠠᠰᠢ ᠴᠠᠭᠠᠰᠢ ᠶᠠᠪᠤᠭᠤᠯᠵᠤ ᠪᠣᠯᠳᠠᠭ᠃
— ᠪᠢᠳᠡ ᠬᠣᠶᠠᠭᠤᠯᠠ ᠪᠤᠳᠠᠭ᠎ᠠ ᠵᠥᠭᠡᠭᠡᠬᠦ ᠪᠡᠷ ᠶᠠᠪᠤᠬᠤ ᠬᠣᠭᠣᠷᠣᠨᠳᠣ ᠪᠢ ᠳᠣᠲᠣᠷ᠎ᠠ ᠪᠠᠨ᠂ ᠲᠣᠭᠣᠭᠠᠴᠢ ᠡᠪᠦᠭᠡᠨ ᠰᠠᠷ᠎ᠠ ᠬᠢᠷᠢᠲᠡᠢ ᠪᠣᠯᠤᠭᠰᠠᠨ ᠬᠣᠢᠨ᠎ᠠ ᠰᠠᠶᠢ ᠪᠢᠳᠡᠨ ᠦ᠌ ᠨᠡᠷ᠎ᠡ ᠶ᠋ᠢ ᠴᠡᠭᠡᠵᠢᠯᠡᠵᠦ ᠠᠪᠳᠠᠭ ᠶᠤᠮ᠃
— ᠥᠴᠥᠭᠡᠳᠦᠷ ᠠᠵᠢᠯ ᠪᠠᠭᠤᠭᠰᠠᠨ ᠤ᠋ ᠳᠠᠷᠠᠭ᠎ᠠ ᠢᠷᠡᠭᠰᠡᠨ ᠶᠠᠯᠠᠲᠠᠨ ᠤ᠋ ᠨᠡᠷ᠎ᠡ ᠶ᠋ᠢ ᠲᠡᠷᠡ ᠡᠢᠮᠦ ᠲᠣᠳᠣᠷᠬᠠᠢ ᠮᠡᠳᠡᠵᠦ ᠪᠠᠢᠬᠤ ᠠ᠋ᠴᠠ ᠦᠵᠡᠪᠡᠯ᠂ ᠠᠩᠬᠠᠨ ᠳ᠋ᠠᠭᠠᠨ ᠯᠠᠪ ᠰᠠᠢᠨ ᠲᠠᠨᠢᠯ ᠪᠤᠶᠤ ᠰᠠᠳᠤᠨ ᠲᠥᠷᠥᠯ ᠦ᠋ᠨ ᠬᠠᠷᠢᠴᠠᠭ᠎ᠠ ᠲᠠᠢ ᠪᠠᠢᠵᠤ᠂ ᠥᠨᠥ ᠥᠷᠯᠥᠭᠡ ᠪᠤᠳᠠᠭ᠎ᠠ ᠵᠥᠭᠡᠭᠡᠯᠭᠡᠬᠦ ᠪᠡᠷ ᠰᠢᠯᠲᠠᠭ ᠪᠣᠯᠭᠠᠵᠤ ᠵᠠᠬᠢᠵᠤ ᠨᠠᠢᠳᠠᠬᠤ ᠦᠭᠡ ᠪᠡᠨ ᠬᠡᠯᠡᠬᠦ ᠭᠡᠰᠡᠨ ᠪᠠᠢᠬ᠎ᠠ ᠭᠡᠵᠦ ᠪᠣᠳᠣᠪᠠ᠃ ᠁ᠮᠢᠨᠦ ᠪᠣᠳᠣᠭᠰᠠᠨ ᠠ᠋ᠴᠠ ᠭᠠᠷᠤᠭᠰᠠᠨ ᠦᠭᠡᠢ᠁᠃
— ᠪᠤᠳᠠᠭ᠎ᠠ ᠠᠪᠬᠤ ᠴᠣᠩᠬᠣᠨ ᠳᠡᠷᠭᠡᠳᠡ ᠬᠦᠷᠬᠦ ᠳ᠋ᠦ᠍ ᠲᠣᠭᠣᠭᠠᠨ ᠭᠡᠷ ᠦ᠋ᠨ ᠳᠣᠲᠣᠷ᠎ᠠ ᠴᠣᠩᠬᠣᠨ ᠠ᠋ᠴᠠ ᠳᠡᠮᠡᠢ ᠬᠣᠯᠠ ᠦᠭᠡᠢ ᠨᠢᠭᠡ ᠵᠠᠯᠠᠭᠤ ᠡᠮᠡᠭᠲᠡᠢ ᠵᠣᠭᠰᠣᠵᠤ ᠪᠠᠢᠯ᠎ᠠ᠃ ᠁ ᠡᠨᠡ ᠡᠮᠡᠭᠲᠡᠢ ᠪᠣᠯᠤᠷᠴᠠᠭᠠᠨ ᠢ᠋ ᠠᠯᠳᠠᠯ ᠦᠭᠡᠢ ᠮᠡᠯᠡᠷᠡᠨ ᠰᠢᠷᠳᠡᠬᠦ ᠪᠥᠭᠡᠳ ᠰᠢᠮᠰᠢᠷᠡᠨ ᠵᠣᠪᠠᠨᠢᠬᠤ ᠪᠠᠢᠳᠠᠯ ᠨᠢᠭᠤᠷ ᠲᠤᠨᠢ ᠢᠯᠡᠬᠡᠨ ᠬᠠᠷᠠᠭᠳᠠᠵᠤ ᠪᠠᠢᠭᠰᠠᠨ᠃
— ᠪᠢ ᠡᠬᠢᠯᠡᠭᠰᠡᠭᠡᠷ ᠡᠨᠡ ᠯᠠᠪ ᠪᠣᠯᠤᠷᠴᠠᠭᠠᠨ ᠤ᠋ ᠡᠬᠡᠨᠡᠷ ᠨᠢ ᠪᠠᠢᠬ᠎ᠠ᠂ ᠥᠨᠥᠳᠥᠷ ᠲᠣᠭᠣᠭᠠᠴᠢ ᠡᠪᠦᠭᠡᠨ ᠢ᠋ ᠭᠤᠶᠤᠵᠤ ᠡᠷ᠎ᠡ ᠳᠦ ᠪᠡᠨ ᠵᠣᠯᠭᠠᠨ ᠬᠡᠳᠦᠨ ᠦᠭᠡ ᠬᠡᠯᠡᠬᠦ ᠭᠡᠰᠡᠨ ᠪᠠᠢᠯᠭᠦᠢ ᠭᠡᠵᠦ ᠪᠣᠳᠣᠭᠰᠠᠨ᠃ ᠁ᠢᠩᠭᠢᠭᠡᠳ ᠪᠢ ᠨᠢᠭᠡ ᠰᠠᠭᠤᠯᠠᠭ᠎ᠠ ᠪᠤᠳᠠᠭ᠎ᠠ ᠪᠠᠨ ᠳᠡᠭᠦᠵᠢᠯᠡᠭᠡᠳ ᠤᠷᠢᠲᠠᠢ ᠨᠢ ᠶᠠᠪᠤᠯ᠎ᠠ᠃ ᠁ᠨᠡᠯᠢᠶᠡᠳ ᠤᠳᠠᠭᠠᠳ ᠪᠣᠯᠣᠷᠴᠠᠭᠠᠨ ᠬᠣᠶᠠᠷ ᠪᠢᠴᠢᠬᠠᠨ ᠰᠠᠭᠤᠯᠠᠭ᠎ᠠ ᠪᠤᠳᠠᠭ᠎ᠠ ᠳᠡᠭᠦᠵᠢᠯᠡᠭᠡᠳ ᠶᠠᠭ ᠯᠠ ᠤᠨᠠᠮᠠᠷ ᠶᠠᠩᠵᠤ ᠲᠠᠢ ᠪᠤᠴᠠᠵᠤ ᠢᠷᠡᠪᠡ᠃ ᠁ᠲᠡᠭᠦᠨ ᠢ᠋ ᠠᠵᠢᠭᠯᠠᠬᠤ ᠳ᠋ᠤ᠌ ᠴᠢᠷᠠᠢ ᠨᠢ ᠠᠢᠬᠤᠪᠲᠤᠷ ᠵᠢᠪᠡᠬᠡᠢᠷᠡᠨ᠂ ᠪᠦᠬᠦ ᠪᠡᠶ᠎ᠡ ᠨᠢ ᠨᠠᠢᠭᠤᠯᠵᠠᠨ ᠴᠡᠴᠡᠷᠬᠢᠯᠡᠨ᠎ᠡ᠃ ᠁ᠪᠢ ᠭᠠᠢᠬᠠᠬᠤ ᠳᠤ ᠪᠠᠨ ᠬᠦᠢ᠂ ᠴᠢ ᠶᠠᠭᠠᠬᠢᠭᠰᠠᠨ ᠶᠤᠮ ᠭᠡᠵᠦ ᠠᠰᠠᠭᠤᠭᠰᠠᠨ ᠳ᠋ᠤ᠌᠂ ᠲᠠ ᠮᠢᠨᠦ ᠣᠷᠣᠨ ᠳ᠋ᠤ᠌ ᠣᠯᠠᠨ ᠳ᠋ᠤ᠌ ᠪᠤᠳᠠᠭ᠎ᠠ ᠬᠤᠪᠢᠶᠠᠭᠠᠳ ᠥᠭᠭᠦᠭᠡᠴᠢ᠂ ᠮᠢᠨᠦ ᠲᠣᠯᠣᠭᠠᠢ ᠡᠷᠭᠢᠭᠡᠳ ᠤᠨᠠᠮᠠᠷ ᠪᠠᠢᠨ᠎ᠠ ᠭᠡᠵᠦ ᠲᠡᠷᠡ ᠨᠠᠮ᠎ᠠ ᠶᠢ ᠭᠤᠶᠤᠪᠠ᠃ ᠁ᠪᠢ ᠲᠡᠭᠦᠨ ᠢ᠋ ᠶᠠᠭᠠᠷᠠᠤ ᠮᠡᠩᠳᠡᠭᠦᠦ ᠲᠦᠰᠢᠨ ᠠᠪᠴᠤ ᠣᠷᠣᠨ ᠳ᠋ᠤᠨᠢ ᠬᠡᠪᠲᠡᠭᠦᠯᠪᠡ᠃ ᠁ ᠨᠠᠮ᠎ᠠ ᠶᠢ ᠪᠤᠳᠠᠭ᠎ᠠ ᠬᠤᠪᠢᠶᠠᠵᠤ ᠪᠠᠷᠠᠭᠠᠳ ᠪᠤᠴᠠᠵᠤ ᠢᠷᠡᠬᠦ ᠳ᠋ᠦ᠍ ᠲᠡᠷᠡ ᠭᠡᠷ ᠦ᠋ᠨ ᠠᠲᠠᠷ ᠬᠠᠷᠠᠨ ᠮᠡᠯᠡᠷᠡᠨ ᠬᠡᠪᠲᠡᠵᠦ ᠪᠠᠢᠯ᠎ᠠ᠃ ᠁ᠪᠢᠳᠡᠨᠦᠰ ᠲᠡᠭᠦᠨ ᠢ᠋ ᠪᠤᠳᠠᠭ᠎ᠠ ᠢᠳᠡ ᠭᠡᠵᠦ ᠱᠠᠭᠠᠷᠳᠠᠭᠰᠠᠨ ᠳ᠋ᠤ᠌ ᠲᠡᠷᠡ ᠳᠤᠰᠤᠯ ᠰᠥᠮᠥᠰᠦ᠂ ᠮᠥᠬᠥᠯᠢᠭ ᠪᠤᠳᠠᠭ᠎ᠠ ᠴᠦ᠍ ᠠᠮᠠᠨ ᠳᠤ ᠪᠠᠨ ᠣᠢᠷᠠᠲᠤᠭᠤᠯᠤᠭᠰᠠᠨ ᠦᠭᠡᠢ᠃ ᠁ᠪᠠᠭ᠎ᠠ ᠦᠳᠡ ᠳ᠋ᠦ᠍ ᠶᠠᠯᠠᠲᠠᠨ ᠨᠤᠭᠤᠳ ᠢ᠋ ᠨᠠᠷᠠᠨ ᠳ᠋ᠤ᠌ ᠭᠠᠷᠭᠠᠬᠤ ᠦᠶ᠎ᠡ ᠳ᠋ᠦ᠍ ᠲᠡᠷᠡ ᠭᠡᠨᠡᠳᠲᠡ ᠬᠠᠷᠠᠭᠤᠯ ᠤ᠋ᠨ ᠴᠡᠷᠢᠭ ᠲᠦ᠍ ᠱᠠᠭᠠᠷᠳᠠᠯᠭ᠎ᠠ ᠭᠠᠷᠭᠠᠨ ᠶᠠᠯ᠎ᠠ ᠪᠠᠨ ᠴᠠᠭᠠᠪᠤᠷᠯᠠᠬᠤ ᠪᠠᠷ ᠭᠤᠶᠤᠴᠢᠯᠠᠪᠠ᠃
— ᠲᠡᠭᠦᠨ ᠢ᠋ ᠨᠢᠭᠡ ᠡᠮᠡᠭᠲᠡᠢ ᠲᠡᠢ ᠠᠭᠤᠯᠵᠠᠯ᠎ᠠ ᠭᠡᠵᠦ ᠴᠢ ᠬᠡᠨ ᠳ᠋ᠦ᠍ ᠬᠡᠯᠡᠭᠰᠡᠨ ᠶᠦᠮ ᠭᠡᠵᠦ ᠲᠦᠪᠰᠢᠨ ᠢ᠋ ᠠᠰᠠᠭᠤᠬᠤ ᠳ᠋ᠤ᠌᠄
— ᠪᠢ ᠭᠡᠳᠡᠭ ᠬᠥᠮᠦᠨ ᠠᠮᠠ ᠬᠤᠷᠳᠤᠨ ᠪᠠᠢᠳᠠᠭ ᠲᠤᠯᠠ ᠪᠤᠳᠠᠭ᠎ᠠ ᠪᠠᠨ ᠠᠪᠴᠢᠷᠠᠮᠠᠭᠴᠠ ᠮᠠᠨ ᠤ᠋ ᠭᠡᠷ ᠦ᠋ᠨ ᠬᠡᠳᠦᠨ ᠶᠠᠯᠠᠲᠠᠨ ᠳ᠋ᠤ᠌ ᠪᠣᠯᠤᠷᠴᠠᠭᠠᠨ ᠳᠠᠭᠢᠨᠢ ᠰᠢᠭ᠋ ᠰᠠᠢᠬᠠᠨ ᠨᠢᠭᠡᠨ ᠡᠮᠡᠭᠲᠡᠢ ᠲᠡᠢ ᠠᠭᠤᠯᠵᠠᠯ᠎ᠠ ᠭᠡᠳ ᠪᠠᠷᠬᠢᠷᠠᠭᠰᠠᠨ ᠨᠢ ᠶᠠᠷᠰᠢᠭ ᠪᠣᠯᠵᠤ ᠪᠢᠯᠡ᠃ ᠁ ᠪᠤᠰᠤᠳ ᠶᠠᠯᠠᠲᠠᠨ ᠨᠤᠭᠤᠳ ᠮᠢᠨᠦ ᠦᠭᠡ ᠪᠡᠷ ᠪᠣᠯᠤᠷᠴᠠᠭᠠᠨ ᠤ᠋ ᠵᠣᠷᠢᠭ ᠰᠦᠯᠳᠡ ᠶ᠋ᠢᠨ ᠬᠤᠪᠢᠷᠠᠯᠲᠠ ᠲᠠᠢ ᠨᠢ ᠬᠣᠯᠪᠣᠭᠳᠠᠭᠤᠯᠤᠨ ᠳᠡᠭᠡᠷ᠎ᠡ ᠨᠢ ᠳᠡᠯ᠂ ᠳᠣᠣᠷ᠎ᠠ ᠨᠢ ᠰᠡᠭᠦᠯ ᠨᠡᠮᠡᠭᠡᠳ ᠶᠡᠬᠡ ᠯᠡ ᠦᠢᠮᠡᠭᠡᠨ ᠱᠤᠤᠭᠢᠶᠠᠨ ᠪᠣᠯᠭᠠᠨᠰᠠᠨ ᠶᠤᠮ᠃ ᠪᠢ ᠠᠩᠬᠠᠨ ᠳᠤ ᠪᠠᠨ ᠡᠨᠡ ᠡᠮᠡᠭᠲᠡᠢ ᠪᠣᠯ ᠪᠣᠯᠤᠷᠴᠠᠭᠠᠨ ᠤ᠋ ᠡᠬᠡᠨᠡᠷ ᠨᠢ ᠭᠡᠵᠦ ᠲᠠᠭᠠᠮᠠᠭᠯᠠᠭᠰᠠᠨ ᠨᠢ ᠪᠤᠷᠤᠭᠤᠳᠴᠠᠢ᠃ ᠬᠡᠳᠦᠨ ᠡᠳᠦᠷ ᠦ᠋ᠨ ᠬᠢᠨᠢ ᠳᠠᠷᠠᠭ᠎ᠠ ᠪᠢᠳᠡ ᠰᠠᠶᠢ ᠲᠡᠷᠡ ᠪᠣᠯ ᠡᠬᠡᠨᠡᠷ ᠢ᠋ᠶ᠋ᠡᠨ ᠠᠯᠠᠭᠰᠠᠨ ᠶᠠᠯᠠᠲᠠᠨ ᠪᠣᠯᠬᠤ ᠶ᠋ᠢ ᠮᠠᠲᠡᠭᠰᠠᠨ᠃
— ᠲᠡᠷᠡ ᠥᠷᠯᠥᠭᠡ ᠲᠣᠭᠣᠭᠠᠨ ᠭᠡᠷ ᠦ᠋ᠨ ᠴᠣᠩᠬᠣᠨ ᠳᠡᠷᠭᠡᠳᠡ ᠵᠣᠭᠰᠣᠵᠤ ᠪᠠᠢᠭᠰᠠᠨ ᠡᠮᠡᠭᠲᠡᠢ ᠴᠣᠬᠣᠮ ᠶᠠᠮᠠᠷ ᠰᠢᠭ᠋ ᠲᠥᠷᠬᠦ ᠪᠠᠢᠳᠠᠯ ᠲᠠᠢ ᠪᠣᠢ?
— ᠭᠠᠳᠠᠨ᠎ᠠ ᠠ᠋ᠴᠠ ᠨᠢ ᠦᠵᠡᠬᠦ ᠳ᠋ᠦ᠍ ᠬᠣᠷᠢᠨ ᠬᠡᠳᠦ ᠣᠷᠴᠢᠮ ᠤ᠋ᠨ ᠨᠠᠰᠤᠲᠠᠢ᠃ ᠴᠠᠭᠠᠪᠲᠤᠷ ᠵᠤᠤᠪᠠᠩ ᠴᠢᠷᠠᠢ ᠲᠠᠢ᠂ ᠮᠠᠰᠢ ᠵᠢᠰᠦᠷᠬᠡᠭ᠂ ᠡᠮᠦᠰᠴᠦ ᠵᠡᠭᠦᠭᠰᠡᠨ ᠨᠢ ᠰᠦᠷᠡᠬᠡᠢ ᠶᠠᠩᠵᠤᠲᠠᠢᠬᠠᠨ ᠪᠠᠢᠭᠰᠠᠨ᠃
— ᠴᠢ ᠲᠡᠳᠡᠨ ᠦ᠌ ᠶᠠᠭᠤ ᠶᠠᠷᠢᠯᠴᠠᠭᠰᠠᠨ ᠢ᠋ ᠨᠢᠭᠡ ᠦᠭᠡ ᠴᠦ᠍ ᠣᠯᠵᠤ ᠰᠣᠨᠣᠰᠤᠭᠰᠠᠨ ᠦᠭᠡᠢ ᠤᠤ?
— ᠲᠣᠭᠣᠭᠠᠴᠢ ᠡᠪᠦᠭᠡᠨ ᠤᠷᠢᠳ ᠢ᠋ᠶ᠋ᠠᠷ ᠨᠠᠳᠠ ᠪᠤᠳᠠᠭᠠᠨ ᠰᠠᠭᠤᠯᠠᠭ᠎ᠠ ᠭᠠᠷᠳᠠᠭᠤᠯᠤᠭᠰᠠᠨ ᠪᠣᠯᠬᠣᠷ ᠪᠢ ᠬᠦᠯᠢᠶᠡᠵᠦ ᠵᠣᠭᠰᠣᠬᠤ ᠴᠢᠬᠤᠯᠠ ᠦᠭᠡᠢ ᠃ ᠲᠡᠷᠡᠴᠢᠯᠡᠨ ᠪᠣᠯᠤᠷᠴᠠᠭᠠᠨ ᠢ᠋ ᠳᠠᠭᠤᠳᠠᠵᠤ ᠪᠤᠳᠠᠭ᠎ᠠ ᠵᠥᠭᠡᠭᠡᠯᠭᠡᠭᠰᠡᠨ ᠨᠢ ᠡᠨᠡ ᠡᠬᠡᠨᠡᠷ ᠲᠡᠢ ᠵᠣᠯᠭᠠᠭᠤᠯᠵᠤ ᠶᠠᠷᠢᠯᠴᠠᠭᠤᠯᠬᠤ ᠤᠴᠢᠷ ᠲᠠᠢ ᠪᠠᠢᠬᠤ ᠭᠡᠵᠦ ᠪᠢ ᠲᠠᠭᠠᠮᠠᠭᠯᠠᠵᠤ ᠪᠠᠢᠭᠰᠠᠨ ᠪᠣᠯᠬᠣᠷ ᠬᠤᠷᠳᠤᠬᠠᠨ ᠶᠠᠪᠤᠭᠰᠠᠨ ᠶᠤᠮ᠃ ᠢᠩᠭᠢᠭᠡᠳ ᠪᠢ ᠲᠡᠳᠡᠨ ᠦ᠌ ᠶᠠᠷᠢᠯᠴᠠᠭ᠎ᠠ ᠶ᠋ᠢ ᠨᠢᠭᠡ ᠦᠭᠡ ᠴᠦ᠍ ᠰᠣᠨᠣᠰᠴᠤ ᠵᠠᠪᠳᠤᠭᠰᠠᠨ ᠦᠭᠡᠢ᠃ ᠴᠣᠬᠣᠮ ᠶᠠᠷᠢᠯᠴᠠᠭᠰᠠᠨ ᠡᠰᠡᠬᠦ ᠶ᠋ᠢ ᠨᠢ ᠮᠡᠳᠡᠬᠦ ᠦᠭᠡᠢ᠂ ᠵᠥᠪᠬᠡᠨ ᠲᠡᠷᠡ ᠡᠮᠡᠭᠲᠡᠢ ᠪᠣᠯᠤᠷᠴᠠᠭᠠᠨ ᠤᠷᠤᠭᠤ ᠨᠢᠭᠡ ᠯᠡ ᠵᠢᠭᠲᠡᠢ ᠬᠠᠷᠠᠵᠤ ᠪᠠᠢᠭᠰᠠᠨ ᠨᠢ ᠬᠠᠷᠠᠭᠳᠠᠭᠰᠠᠨ᠃
— ᠬᠣᠵᠢᠮ ᠨᠢ ᠪᠣᠯᠤᠷᠴᠠᠭᠠᠨ ᠲᠠᠢ ᠲᠡᠷᠡ ᠡᠮᠡᠭᠲᠡᠢ ᠶ᠋ᠢᠨ ᠲᠤᠬᠠᠢ ᠶᠠᠷᠢᠯᠴᠠᠭᠰᠠᠨ ᠤᠤ?
— ᠶᠠᠷᠢᠯᠴᠠᠭᠰᠠᠨ᠃ ᠬᠡᠳᠦᠨ ᠡᠳᠦᠷ ᠦ᠋ᠨ ᠳᠠᠷᠠᠭ᠎ᠠ ᠪᠢᠳᠡ ᠨᠢᠭᠡᠨᠲᠡ ᠪᠣᠯᠤᠷᠴᠠᠭᠠᠨ ᠪᠣᠯ ᠡᠬᠡᠨᠡᠷ ᠢ᠋ᠶ᠋ᠡᠨ ᠠᠯᠠᠭᠠᠳ ᠪᠠᠷᠢᠪᠴᠢᠯᠠᠭᠳᠠᠭᠰᠠᠨ ᠢ᠋ ᠮᠡᠳᠡᠭᠰᠡᠨ ᠪᠣᠯᠬᠣᠷ ᠪᠢ ᠬᠥᠮᠦᠨ ᠦ᠌ ᠡᠬᠡᠨᠡᠷ ᠢ᠋ ᠠᠨᠳᠠᠭᠤ ᠲᠥᠰᠦᠪᠯᠡᠭᠰᠡᠨ ᠢ᠋ᠶ᠋ᠡᠨ ᠮᠡᠳᠡᠵᠦ᠂ ᠳᠠᠬᠢᠭᠠᠳ ᠠᠰᠠᠭᠤᠬᠤ ᠡᠪ ᠦᠭᠡᠢ ᠪᠣᠯᠤᠯ᠎ᠠ᠃ ᠁ ᠬᠥᠮᠦᠨ ᠠᠯᠠᠭᠰᠠᠨ ᠶᠠᠯᠠᠲᠠᠨ ᠠ᠋ᠴᠠ ᠪᠣᠯ ᠪᠢᠳᠡ ᠪᠦᠷ ᠠᠶᠤᠵᠤ᠂ ᠵᠣᠳᠣᠵᠤ᠂ ᠨᠦᠳᠦᠵᠦ᠂ ᠰᠠᠷᠢᠮᠰᠠᠭ ᠠᠮᠰᠠᠭᠤᠯᠵᠤ ᠴᠢᠳᠠᠳᠠᠭ ᠦᠭᠡᠢ ᠶᠦᠮ᠃ ᠁ ᠰᠡᠭᠦᠯ ᠳᠦ ᠪᠡᠨ ᠪᠢᠳᠡ ᠮᠠᠰᠢ ᠰᠠᠢᠬᠠᠨ ᠳᠠᠰᠤᠯᠴᠠᠯᠠ᠃ ᠨᠢᠭᠡ ᠤᠳᠠᠭ᠎ᠠ ᠪᠢ ᠲᠡᠭᠦᠨ ᠡᠴᠡ ᠲᠡᠷᠡ ᠡᠮᠡᠭᠲᠡᠢ ᠶ᠋ᠢᠨ ᠲᠤᠬᠠᠢ ᠠᠰᠠᠭᠤᠬᠤ ᠳ᠋ᠤ᠌᠂ ᠪᠣᠯᠤᠷᠴᠠᠭᠠᠨ ᠰᠣᠴᠢᠨ ᠭᠠᠢᠬᠠᠭᠠᠳ ᠨᠡᠯᠢᠶᠡᠳ ᠤᠳᠠᠭᠰᠠᠨ ᠢ᠋ᠶ᠋ᠠᠨ᠂ ᠲᠡᠷᠡ ᠡᠮᠡᠭᠲᠡᠢ ᠶ᠋ᠢ ᠪᠢ ᠴᠦ᠍ ᠲᠠᠨᠢᠬᠤ ᠦᠭᠡᠢ᠃ ᠁ ᠪᠠᠷᠤᠭ ᠲᠣᠭᠣᠭᠠᠴᠢ ᠡᠪᠦᠭᠡᠨ ᠦ᠌ ᠬᠠᠪᠰᠤᠷᠤᠭᠴᠢ ᠨᠢ ᠪᠠᠢᠬ᠎ᠠ ᠭᠡᠵᠦ ᠬᠡᠯᠡᠭᠰᠡᠨ᠃ ᠁ ᠲᠡᠷᠡ ᠡᠮᠡᠭᠲᠡᠢ ᠴᠢᠮ᠎ᠠ ᠶᠢ ᠴᠣᠬᠣᠮ ᠨᠢᠭᠡ ᠬᠠᠷᠠᠵᠤ ᠪᠠᠢᠭᠰᠠᠨ ᠰᠢᠳᠡ ᠭᠡᠵᠦ ᠨᠠᠮ᠎ᠠ ᠶᠢ ᠬᠡᠯᠡᠬᠦᠯᠡᠷ ᠡᠷᠬᠡ ᠴᠢᠯᠥᠭᠡᠲᠦ ᠬᠥᠮᠦᠨ ᠶᠠᠯᠠᠲᠠᠳ ᠢ᠋ ᠦᠵᠡᠪᠡᠯ ᠶᠡᠷᠦ ᠨᠢ ᠠᠢᠬᠤᠪᠲᠤᠷ ᠰᠣᠨᠢᠷᠬᠠᠨ ᠬᠠᠷᠠᠳᠠᠭ ᠪᠠᠢᠯᠭᠦᠢ ᠭᠡᠵᠦ ᠪᠣᠯᠤᠷᠴᠠᠭᠠᠨ ᠬᠡᠯᠡᠵᠦ ᠪᠠᠢᠭᠰᠠᠨ᠃ ᠁ᠪᠢ ᠳᠠᠬᠢᠭᠠᠳ ᠡᠨᠡ ᠬᠦ᠌ ᠤᠴᠢᠷ ᠢ᠋ ᠳᠤᠷᠠᠳᠬᠤ ᠨᠢ ᠢᠯᠡᠭᠦᠴᠡ ᠬᠡᠷᠡᠭ ᠪᠣᠯᠤᠨ᠎ᠠ ᠭᠡᠵᠦ ᠪᠣᠳᠣᠪᠠ᠃
᠁ ᠥᠩᠭᠡᠷᠡᠭᠰᠡᠨ ᠳ᠋ᠦ᠍ ᠲᠣᠭᠣᠭᠠᠴᠢ ᠡᠪᠦᠭᠡᠨ ᠦᠷᠭᠦᠯᠵᠢ ᠦᠯᠦ ᠲᠠᠨᠢᠬᠤ ᠡᠬᠡᠨᠡᠷ ᠬᠡᠦᠬᠡᠨᠴᠦᠳ ᠪᠣᠯᠤᠨ ᠠᠵᠢᠯ ᠠ᠋ᠴᠠ ᠪᠠᠨ ᠠᠮᠠᠷᠠᠭᠰᠠᠨ ᠡᠪᠦᠭᠡᠴᠦᠳ ᠢ᠋ ᠨᠢᠭᠡ ᠬᠣᠶᠠᠷ ᠡᠳᠦᠷ ᠢ᠋ᠶ᠋ᠡᠷ ᠬᠥᠯᠥᠰᠥᠯᠡᠨ ᠪᠤᠳᠠᠭ᠎ᠠ ᠴᠢᠨᠠᠭᠤᠯᠳᠠᠭ ᠶᠤᠮ᠃ ᠁ᠢᠩᠭᠢᠭᠡᠳ ᠪᠢ ᠪᠣᠯᠭᠣᠮᠵᠢ ᠦᠭᠡᠢ ᠪᠡᠷ ᠬᠥᠮᠦᠰ ᠲᠦ᠍ ᠲᠡᠢᠮᠦ ᠦᠭᠡ ᠬᠡᠯᠡᠭᠰᠡᠨ ᠳᠦ ᠪᠡᠨ ᠰᠦᠷᠡᠬᠡᠢ ᠭᠡᠮᠰᠢᠪᠡ᠃ ᠁ᠭᠡᠪᠡᠴᠦ ᠠᠮᠠ ᠠᠯᠳᠠᠪᠠᠯ ᠪᠠᠷᠢᠵᠤ ᠪᠣᠯᠬᠤ ᠦᠭᠡᠢ ᠶ᠋ᠢᠨ ᠬᠣᠢᠨ᠎ᠠ ᠳᠠ᠃ ᠨᠡᠭᠡᠷᠡᠨ ᠲᠠᠨᠠᠷ ᠲᠤ᠌ ᠢᠯᠡᠭᠦᠦ ᠶᠠᠪᠤᠳᠠᠯ ᠨᠡᠮᠡᠵᠡᠢ᠃
— ᠪᠣᠯᠤᠷᠴᠠᠭᠠᠨ ᠲᠠᠨᠠᠷ ᠲᠤ ᠡᠬᠡᠨᠡᠷ ᠢ᠋ᠶ᠋ᠡᠨ ᠶᠠᠭᠠᠬᠢᠵᠤ ᠬᠣᠣᠷᠯᠠᠭᠰᠠᠨ ᠲᠤᠬᠠᠢ ᠬᠡᠯᠡᠵᠦ ᠥᠩᠭᠡᠷᠡᠭᠰᠡᠨ ᠤᠤ?
— ᠲᠡᠷᠡ ᠶᠡᠷᠦ ᠡᠴᠡ ᠪᠡᠨ ᠡᠨᠡ ᠲᠤᠬᠠᠢ ᠬᠠᠮᠲᠤ ᠬᠤᠷᠢᠭᠳᠠᠭᠰᠠᠳ ᠲᠤ ᠪᠠᠨ ᠬᠡᠯᠡᠳᠡᠭ ᠦᠭᠡᠢ᠃
— ᠪᠢᠳᠡ ᠥᠨᠥᠳᠥᠷ ᠡᠨᠳᠡ ᠬᠦᠷᠲᠡᠯ᠎ᠡ ᠶᠠᠷᠢᠯᠴᠠᠶ᠎ᠠ᠃
— ᠵᠠ᠃
ᠲᠡᠨᠳᠡ ᠡᠴᠡ ᠭᠠᠷᠬᠤ ᠳ᠋ᠤ᠌ ᠲᠦᠪᠰᠢᠨ ᠦ᠌ ᠴᠢᠷᠠᠢ ᠳ᠋ᠤᠨᠢ ᠭᠦᠨ ᠪᠣᠳᠣᠯᠭᠠᠰᠢᠷᠠᠯ ᠤ᠋ᠨ ᠶᠠᠩᠵᠤ ᠢᠯᠡᠷᠡᠨ᠂ ᠬᠥᠬᠡᠳᠤᠯᠢ ᠲᠠᠢ ᠨᠢᠭᠡ ᠦᠭᠡ ᠴᠦ᠍ ᠶᠠᠷᠢᠯᠴᠠᠯ ᠦᠭᠡᠢ ᠶᠠᠪᠤᠵᠠᠢ᠃
ᠤᠩᠰᠢᠭᠰᠠᠨ ᠨᠢ ᠄ ᠴᠡᠴᠡᠭᠮ᠎ᠡ
