ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ <ᠣᠷᠣᠰᠢᠯ ᠤᠨ ᠣᠷᠣᠨ ᠳᠤ– ᠮ᠂ ᠬᠠᠰᠪᠠᠭᠠᠨ᠎ᠠ> Хялгасан дөрөөн дээр – Хасвулаг <оршлын оронд– М᠂ Хасбагана>
ᠵᠣᠬᠢᠶᠠᠭᠴᠢ ᠬᠠᠰᠪᠤᠯᠠᠭ ᠬᠢᠭᠡᠳ ᠲᠡᠭᠦᠨ ᠦ ᠵᠣᠬᠢᠶᠠᠯ ᠪᠦᠲᠦᠭᠡᠯ
ᠮ ᠂ ᠬᠠᠰᠪᠠᠭᠠᠨ᠎ᠠ
1979 ᠣᠨ ᠤ᠋ ᠡᠪᠦᠯ ᠪᠢᠯᠡ ᠤᠤ ᠳᠠ᠂ ᠶᠡᠬᠡ ᠵᠣᠣ ᠠᠢᠮᠠᠭ ᠤ᠋ᠨ ᠤᠳᠬ᠎ᠠ ᠵᠣᠬᠢᠶᠠᠯ ᠤᠷᠠᠯᠢᠭ ᠤ᠋ᠨ ᠬᠢᠨ ᠦ᠌ ᠬᠣᠯᠪᠣᠭ᠎ᠠ ᠪᠦᠬᠦ ᠠᠢᠮᠠᠭ ᠤ᠋ᠨ ᠢ᠋ᠶ᠋ᠠᠨ ᠶᠠᠭᠤᠮ᠎ᠠ ᠪᠢᠴᠢᠳᠡᠭ ᠬᠥᠮᠦᠰ ᠢ᠋ ᠴᠤᠭᠯᠠᠭᠤᠯᠵᠤ ᠬᠣᠷᠢᠭᠠᠳ ᠬᠣᠨᠣᠭ ᠤ᠋ᠨ ᠰᠤᠷᠤᠯᠭ᠎ᠠ ᠬᠢᠭᠰᠡᠨ ᠪᠥᠭᠡᠳ ᠡᠭᠦᠨ ᠳ᠋ᠡᠭᠡᠨ ᠨᠠᠮᠠᠶ᠋ᠢ ᠬᠥᠳᠡᠭᠡ ᠡᠴᠡ ᠳᠠᠭᠤᠳᠠᠵᠤ ᠢᠷᠡᠭᠦᠯᠦᠭᠰᠡᠨ ᠪᠠᠢᠪᠠ᠃ ᠲᠡᠭᠡᠭᠡᠳ ᠨᠠᠮ ᠤ᠋ᠨ ᠰᠤᠷᠭᠠᠭᠤᠯᠢ ᠶ᠋ᠢᠨ ᠠᠰᠠᠷ ᠲᠤ᠌ ᠪᠤᠵᠢᠭᠢᠨᠠᠯᠳᠤᠵᠤ ᠣᠯᠠᠨ ᠨᠥᠬᠥᠳ ᠲᠡᠢ ᠲᠠᠨᠢᠯᠴᠠᠵᠤ ᠶᠠᠪᠤᠯ᠎ᠠ᠃ ᠡᠨᠡ ᠣᠯᠠᠨ ᠲᠠᠨᠢᠯᠴᠠᠭᠰᠠᠨ ᠨᠥᠬᠥᠳ ᠦ᠋ᠨ ᠮᠠᠨᠢ ᠳᠤᠮᠳᠠ ᠴᠡᠷᠢᠭ ᠦ᠋ᠨ ᠨᠣᠭᠣᠭᠠᠨ ᠳ᠋ᠠᠴᠠᠩ ᠡᠮᠦᠰᠦᠭᠰᠡᠨ ᠨᠠᠷᠢᠪᠲᠤᠷ ᠪᠣᠷᠣ ᠵᠠᠯᠠᠭᠤ ᠪᠠᠢᠯᠴᠠᠭᠰᠠᠨ ᠮᠥᠷᠲᠡᠭᠡᠨ ᠡᠨᠡ ᠬᠣᠲᠠ ᠶ᠋ᠢᠨ ᠬᠢ ᠭᠡᠵᠦ᠂ ᠢᠷᠡᠵᠦ ᠶᠠᠪᠤᠬᠤ ᠳ᠋ᠠᠭᠠᠨ ᠰᠢᠨᠡᠬᠡᠨ ᠰᠢᠭ ᠳᠤᠭᠤᠢ ᠣᠨᠣᠴᠢᠬᠠᠭᠰᠠᠨ ᠪᠠᠢᠳᠠᠭ ᠪᠥᠭᠡᠳ ᠠᠵᠢᠯ ᠨᠢ ᠶᠠᠭᠠᠷᠠᠤ ᠲᠥᠯᠥᠪᠲᠡᠢ ᠬᠤᠷᠳᠤᠨ ᠬᠤᠷᠳᠤᠨ ᠠᠯᠬᠤᠯᠠᠳᠠᠭ ᠬᠥᠮᠦᠨ ᠪᠠᠢᠭᠰᠠᠨ ᠨᠢ ᠨᠥᠬᠥᠷ ᠬᠠᠰᠪᠤᠯᠠᠭ ᠪᠠᠢᠪᠠ᠃ ᠪᠢᠳᠡ ᠬᠣᠶᠠᠭᠤᠯᠠ ᠶ᠋ᠢᠨ ᠬᠣᠪᠢᠨ ᠳ᠋ᠤ᠌ ᠠᠪᠴᠤ ᠬᠡᠯᠡᠪᠡᠯ ᠨᠠᠰᠤ ᠴᠤ᠌ ᠪᠣᠯ ᠰᠢᠷᠳ᠋ ᠭᠡᠰᠡᠨ ᠰᠠᠢᠬᠠᠨ ᠵᠠᠯᠠᠭᠤ ᠨᠠᠰᠤ ᠪᠠᠢᠭᠰᠠᠨ ᠳᠠ᠂ ᠭᠡᠬᠦᠯᠡᠷ ᠵᠣᠬᠢᠶᠠᠯ ᠪᠦᠲᠦᠭᠡᠯ ᠨᠢ ᠴᠤ᠌ ᠮᠥᠨ ᠵᠠᠯᠠᠭᠤ ᠬᠥᠮᠦᠨ ᠦ᠌ ᠭᠡᠨᠡᠨ ᠴᠠᠢᠯᠭᠠᠨ ᠦᠶ᠎ᠡ ᠪᠡᠨ ᠳᠠᠭᠤᠷᠢᠶᠠᠵᠤ᠂ ᠳᠡᠮᠡᠢ ᠬᠡᠳᠦᠨ ᠵᠣᠬᠢᠶᠠᠯ ᠨᠡᠢᠲᠡᠯᠡᠭᠦᠯᠦᠭᠰᠡᠨ ᠦᠭᠡᠢ ᠰᠢᠨᠡᠬᠡᠨ ᠭᠠᠷ ᠪᠠᠢᠵᠠᠭᠠᠪᠠ᠃ ᠲᠡᠷᠡ ᠮᠥᠷᠲᠡᠭᠡᠨ ᠤᠷᠠᠨ ᠵᠣᠬᠢᠶᠠᠯ ᠢ᠋ᠶ᠋ᠠᠷ ᠲᠠᠨᠢᠯᠴᠠᠵᠤ᠂ ᠤᠷᠠᠨ ᠵᠣᠬᠢᠶᠠᠯ ᠢ᠋ᠶ᠋ᠠᠷ ᠨᠠᠢᠵᠠᠯᠠᠵᠤ ᠶᠠᠪᠤᠬᠤ ᠶ᠋ᠢᠨ ᠢᠷᠦᠭᠡᠯ ᠲᠡᠢ ᠪᠠᠢᠪᠠ ᠤᠤ ᠳᠠ ᠭᠡᠮᠡᠷ ᠨᠢᠭᠡ ᠡᠳᠦᠷ ᠴ᠂ ᠬᠠᠰᠪᠢᠯᠢᠭ᠌ᠲᠦ ᠭᠤᠸᠠᠢ ᠮᠠᠨ ᠤ᠋ ᠬᠣᠶᠠᠭᠤᠯᠠ ᠶ᠋ᠢ ᠳᠠᠭᠤᠳᠠᠵᠤ᠄ 《ᠵᠠ᠂ ᠡᠢᠮᠦ ᠪᠠᠢᠨ᠎ᠠ᠂ ᠵᠣᠬᠢᠶᠠᠯ ᠪᠢᠴᠢᠳᠡᠭ ᠬᠥᠮᠦᠨ ᠪᠢᠴᠢᠭᠰᠡᠨ ᠵᠣᠬᠢᠶᠠᠯ ᠢ᠋ᠶ᠋ᠠᠨ ᠨᠢᠭᠡ ᠨᠢᠭᠡᠨ ᠳ᠋ᠡᠭᠡᠨ ᠦᠵᠡᠭᠦᠯᠵᠦ᠂ ᠬᠠᠷᠢᠯᠴᠠᠨ ᠰᠠᠨᠠᠯ ᠢᠶᠠᠨ ᠳᠤᠷᠠᠳᠤᠯᠴᠠᠪᠠᠯ ᠵᠣᠬᠢᠶᠠᠯ ᠪᠦᠲᠦᠭᠡᠯ ᠦ᠋ᠨ ᠴᠢᠨᠠᠷ ᠴᠢᠨᠰᠠᠭ᠎ᠠ ᠳᠡᠭᠡᠭᠰᠢᠯᠡᠳᠡᠭ ᠶᠦᠮ᠃ ᠲᠡᠭᠡᠬᠦᠯᠡᠷ ᠲᠠ ᠬᠣᠶᠠᠭᠤᠯᠠ ᠪᠦᠷ ᠥᠭᠦᠯᠡᠯᠭᠡ ᠪᠢᠴᠢᠳᠡᠭ ᠬᠥᠮᠦᠰ ᠪᠣᠯᠬᠣᠷ ᠵᠣᠬᠢᠶᠠᠯ ᠢ᠋ᠶ᠋ᠠᠨ ᠬᠠᠷᠢᠯᠴᠠᠨ ᠦᠵᠡᠵᠡᠭᠡᠵᠦ ᠡᠨᠡ ᠰᠤᠷᠤᠯᠭ᠎ᠠ ᠲᠡᠭᠦᠰᠬᠦ ᠳ᠋ᠦ᠍ ᠨᠢᠭᠡ ᠥᠭᠡᠳᠡᠳᠡᠢᠬᠡᠨ ᠰᠢᠭ ᠵᠣᠬᠢᠶᠠᠯ ᠦᠯᠡᠳᠡᠭᠡᠴᠢᠬᠡᠭᠡᠳ ᠶᠠᠪᠤᠬᠤ ᠯᠠ ᠪᠢᠵᠡ 》ᠭᠡᠵᠦ ᠰᠠᠨᠠᠭᠤᠯᠭ᠎ᠠ ᠪᠣᠯᠪᠠ᠃ ᠲᠡᠭᠡᠭᠡᠳ ᠮᠠᠨ ᠤ᠋ ᠬᠣᠶᠠᠭᠤᠯᠠ ᠵᠢᠩᠬᠢᠨᠢ ᠲᠠᠨᠢᠯᠴᠠᠭᠰᠠᠨ ᠤᠬᠠᠭᠠᠨ ᠲᠠᠢ᠃ ᠲᠠᠨᠢᠬᠤ ᠬᠥᠮᠦᠨ ᠡᠨᠡ ᠨᠠᠷᠢᠪᠲᠤᠷ ᠪᠣᠷᠣ ᠵᠠᠯᠠᠭᠤ ᠮᠠᠨᠢ ᠦᠦᠰᠢᠨ ᠨᠤᠲᠤᠭ ᠲᠠᠢ ᠦᠦᠰᠢᠨᠵᠣᠤ ᠶ᠋ᠢᠨ ᠬᠥᠮᠦᠨ᠂ 19 ᠨᠠᠰᠤᠨ ᠳ᠋ᠠᠭᠠᠨ ᠡᠷ᠎ᠡ ᠴᠡᠷᠢᠭ ᠦ᠋ᠨ ᠠᠯᠪᠠ ᠬᠠᠭᠠᠵᠤ ᠬᠠᠯᠠ ᠦᠵᠡᠨ ᠬᠠᠯᠠᠭᠤᠨ ᠴᠢᠯᠠᠭᠤ ᠳᠣᠯᠢᠶᠠᠵᠤ ᠶᠠᠪᠤᠭᠰᠠᠨ ᠪᠥᠭᠡᠳ ᠣᠳᠣ ᠬᠠᠤᠯᠢ ᠳ᠋ᠤ᠌ ᠠᠵᠢᠯ ᠲᠠᠢ᠂ ᠠᠵᠢᠯ ᠰᠦᠷᠡᠬᠡᠢ ᠶᠠᠭᠠᠷᠠᠤ᠂ ᠡᠨᠡ ᠤᠳᠠᠭ᠎ᠠ ᠶ᠋ᠢᠨ ᠰᠤᠷᠤᠯᠭ᠎ᠠ ᠳ᠋ᠤ᠌ ᠬᠠᠭᠠᠰ ᠡᠳᠦᠷ ᠲᠦ᠍ ᠨᠢᠭᠡ ᠡᠳᠦᠷ ᠦ᠋ᠨ ᠠᠵᠢᠯ ᠢ᠋ᠶ᠋ᠠᠨ ᠬᠢᠴᠢᠬᠡᠭᠡᠳ ᠬᠠᠭᠠᠰ ᠡᠳᠦᠷ ᠢᠷᠡᠵᠦ ᠪᠠᠢᠨ᠎ᠠ ᠭᠡᠵᠦ ᠬᠡᠯᠡᠯᠴᠡᠭᠡᠳ ᠥᠩᠭᠡᠷᠡᠪᠡ᠃
ᠠᠷᠪᠠᠨ ᠬᠡᠳᠦᠨ ᠵᠢᠯ ᠦ᠋ᠨ ᠳᠠᠷᠠᠭ᠎ᠠ ᠬᠠᠰᠪᠤᠯᠠᠭ ᠮᠠᠨᠢ ᠣᠯᠠᠨ ᠰᠠᠢᠬᠠᠨ ᠪᠦᠲᠦᠭᠡᠯ ᠲᠡᠢ ᠵᠣᠬᠢᠶᠠᠯᠴᠢ ᠪᠣᠯᠪᠠ᠃ ᠴᠠᠭ ᠮᠥᠴᠡ ᠭᠡᠭᠴᠢ ᠶ᠋ᠢ ᠨᠢᠭᠡ ᠪᠣᠳᠣᠪᠠᠯ ᠪᠠᠰᠠ ᠢᠨᠢᠶᠡᠳᠦ ᠲᠡᠢ ᠴᠤ᠌ ᠶᠦᠮ ᠤᠤ ? ᠠᠷᠪᠠᠨ ᠬᠡᠳᠦᠨ ᠵᠢᠯ ᠦ᠋ᠨ ᠡᠮᠦᠨ᠎ᠡ ᠰᠢᠨᠡᠬᠡᠨ ᠭᠠᠷ ᠪᠠᠢᠵᠠᠭᠠᠵᠤ᠂ ᠨᠣᠮ ᠲᠠᠢ ᠪᠣᠯᠬᠤ ᠶ᠋ᠢ ᠪᠠᠢᠲᠤᠭᠠᠢ ᠨᠢᠭᠡ ᠥᠭᠦᠯᠡᠯᠭᠡ ᠪᠡᠨ ᠶᠠᠭᠠᠬᠢᠵᠤ ᠨᠡᠢᠲᠡᠯᠡᠭᠦᠯᠬᠦ ᠴᠤ᠌ ᠶᠦᠮ ᠪᠢᠯᠡ ᠭᠡᠵᠦ ᠪᠤᠳᠤᠵᠠᠭᠠᠵᠤ ᠪᠠᠢᠭᠰᠠᠨ ᠬᠥᠮᠦᠰ ᠣᠳᠣ ᠨᠢᠭᠡ ᠨᠢᠭᠡᠨ ᠦ᠌ ᠪᠡᠨ ᠨᠣᠮ ᠳ᠋ᠤ᠌ ᠣᠷᠣᠰᠢᠯ ᠪᠢᠴᠢᠨ᠎ᠡ ᠭᠡᠵᠦ ᠰᠠᠭᠤᠬᠤ ᠳ᠋ᠤ᠌ ᠴᠠᠭ ᠮᠥᠴᠡ ᠢᠨᠢᠶᠡᠳᠦ ᠲᠡᠢ ᠪᠢᠰᠢ ᠬᠠᠷᠢᠨ ᠬᠠᠲᠠᠭᠤ ᠴᠢᠩᠭ᠎ᠠ ᠬᠠᠤᠯᠢ ᠪᠠᠢᠵᠤ᠂ ᠰᠢᠷᠭᠠᠭᠤ ᠤᠷᠣᠯᠳᠤᠭᠰᠠᠳ ᠢ᠋ ᠥᠷᠥᠰᠢᠶᠡᠵᠦ᠂ ᠰᠢᠷᠭᠢᠵᠦ ᠰᠠᠭᠤᠭᠰᠠᠳ ᠢ᠋ ᠰᠢᠢᠳᠬᠡᠳᠡᠭ ᠲᠠᠯ᠎ᠠ ᠥᠩᠭᠡ ᠬᠠᠷᠠᠳᠠᠭ ᠦᠭᠡᠢ ᠶᠡᠬᠡ ᠡᠷ᠎ᠡ ᠪᠠᠢᠵᠠᠢ ᠭᠡᠰᠡᠨ ᠢ᠋ ᠤᠬᠠᠭᠠᠷᠠᠵᠤ ᠪᠠᠢᠨ᠎ᠠ᠃
ᠬᠠᠰᠪᠤᠯᠠᠭ ᠮᠠᠨᠢ ᠰᠢᠷᠭᠠᠭᠤ ᠣᠷᠣᠯᠳᠣᠳᠠᠭ ᠬᠥᠮᠦᠨ᠂ ᠰᠢᠷᠭᠢᠵᠦ ᠰᠠᠭᠤᠳᠠᠭ ᠬᠥᠮᠦᠨ ᠪᠤᠰᠤ! ᠲᠡᠭᠦᠨ ᠦ᠌ ᠠᠵᠢᠯ ᠲᠥᠷᠥᠯ ᠢ᠋ᠶ᠋ᠡᠷ ᠦᠵᠡᠪᠡᠯ ᠲᠡᠷᠡ ᠵᠣᠬᠢᠶᠠᠯ ᠣᠷᠣᠯᠳᠣᠬᠤ ᠬᠥᠮᠦᠨ ᠪᠢᠰᠢ᠃ ᠬᠠᠤᠯᠢ ᠶ᠋ᠢᠨ ᠲᠡᠩᠨᠡᠭᠦᠷ ᠢ᠋ ᠪᠠᠷᠢᠭᠰᠠᠨ ᠬᠥᠮᠦᠨ ᠦ᠌ ᠠᠵᠢᠯ ᠳᠠᠩᠴᠤ ᠶᠠᠭᠠᠷᠠᠤ᠃ ᠡᠳᠦᠷ ᠲᠦ᠍ ᠬᠡᠷᠡᠭ ᠵᠠᠷᠭᠤ ᠶ᠋ᠢᠨ ᠳᠤᠮᠳᠠ ᠬᠤᠳᠬᠤᠵᠤ᠂ ᠶᠡᠬᠡ ᠡᠴᠡ ᠠᠮᠢᠨ ᠬᠡᠷᠡᠭ᠂ ᠠᠵᠤ ᠠᠬᠤᠢ ᠶ᠋ᠢᠨ ᠬᠡᠴᠢᠨᠡᠭᠡᠨ ᠠᠷᠪᠠᠨ ᠲᠦᠮᠡ᠂ ᠵᠠᠭᠤᠨ ᠲᠦᠮᠡ᠂ ᠮᠢᠩᠭᠠᠨ ᠲᠦᠮᠡᠨ ᠵᠣᠭᠣᠰᠤᠨ ᠤ᠋ ᠤᠴᠢᠷ᠂ ᠪᠠᠭ᠎ᠠ ᠠ᠋ᠴᠠ ᠠᠢᠯ ᠭᠡᠷ ᠦ᠋ᠨ ᠡᠮᠡᠰ ᠬᠡᠦᠬᠡᠳ ᠦ᠋ᠨ ᠵᠣᠳᠣᠯᠴᠠᠭᠰᠠᠨ ᠶᠠᠪᠤᠳᠠᠯ᠂ ᠡᠷ᠎ᠡ ᠡᠮ᠎ᠡ ᠶ᠋ᠢᠨ ᠰᠠᠯᠵᠤ ᠰᠠᠷᠨᠢᠬᠤ ᠬᠡᠷᠡᠭ ᠁ ᠡᠨᠡ ᠲᠡᠷᠡ ᠭᠡᠵᠦ ᠵᠠᠷᠭᠤ ᠪᠠᠨ ᠣᠯᠬᠤ ᠭᠡᠵᠦ ᠤᠯᠠᠢᠯᠴᠠᠭᠰᠠᠨ ᠬᠥᠮᠦᠰ ᠦ᠋ᠨ ᠬᠤᠳᠠᠯ ᠦᠨᠡᠨ ᠦᠭᠡ ᠶ᠋ᠢ ᠨᠢᠭᠡ ᠨᠢᠭᠡ ᠪᠡᠷ ᠴᠠᠢᠷᠠᠭᠤᠯᠵᠤ ᠪᠠᠢᠳᠠᠭ ᠠᠵᠢᠯ᠃ ᠶᠣᠰᠣᠨ ᠳᠡᠭᠡᠷ᠎ᠡ ᠪᠡᠨ ᠪᠣᠯ ᠨᠠᠢ᠍ᠮᠠᠨ ᠴᠠᠭ ᠤ᠋ᠨ ᠠᠵᠢᠯ ᠢ᠋ᠶ᠋ᠠᠨ ᠬᠢᠴᠢᠬᠡᠪᠡᠯ ᠤᠯᠤᠰ ᠤ᠋ᠨ ᠡᠭᠦᠷᠭᠡ ᠭᠦᠢᠴᠡᠵᠦ᠂ ᠦᠳᠡ ᠣᠷᠣᠢ ᠶ᠋ᠢᠨ ᠴᠠᠭ ᠬᠠᠰᠪᠤᠯᠠᠭ ᠤ᠋ᠨ ᠬᠢ ᠪᠠᠢᠪᠠᠯ ᠳᠠᠭᠠᠷᠠᠳᠠᠭ ᠬᠠᠤᠯᠢ ᠲᠠᠢ ᠪᠣᠯᠪᠠᠴᠤ ᠲᠡᠭᠦᠨ ᠳ᠋ᠦ᠍ ᠲᠡᠢᠮᠦ ᠪᠤᠶᠠᠨ ᠦᠭᠡᠢ᠃ ᠵᠠᠷᠭᠤ ᠬᠥᠭᠡᠭᠡᠴᠡᠯᠳᠦᠭᠰᠡᠳ ᠭᠡᠷ ᠲᠦ᠋ᠨᠢ ᠡᠷᠢᠭᠡᠳ ᠢᠷᠡᠨ᠎ᠡ᠃ ᠨᠠᠢᠷ ᠲᠠᠯ᠎ᠠ ᠬᠡᠯᠡᠭᠰᠡᠳ ᠭᠡᠷ ᠲᠦ᠋ᠨᠢ ᠵᠠᠯᠠᠷᠠᠭᠠᠳ ᠪᠠᠭᠤᠨ᠎ᠠ᠃ ᠲᠡᠭᠡᠭᠡᠳ ᠨᠢᠭᠡ ᠢᠷᠡᠴᠢᠬᠡᠪᠡᠯ ᠶᠠᠪᠤᠬᠤ ᠪᠠᠨ ᠮᠠᠷᠲᠠᠴᠢᠬᠠᠳᠠᠭ᠃ ᠡᠷᠢᠵᠦ ᠢᠷᠡᠭᠰᠡᠳ ᠳᠣᠯᠣᠭᠠᠨ ᠪᠤᠯᠴᠢᠷᠬᠠᠢ ᠪᠠᠨ ᠲᠣᠭᠠᠴᠢᠬᠤ ᠪᠢᠰᠢ ᠪᠣᠯ ᠶᠢᠰᠦᠨ ᠵᠣᠷ ᠤ᠋ᠨ ᠠᠷᠭ᠎ᠠ ᠬᠡᠷᠡᠭᠯᠡᠵᠦ ᠪᠠᠢᠳᠠᠭ ᠢ᠋ ᠶᠠᠭᠠᠬᠢᠨ᠎ᠠ ᠭᠡᠬᠦ ⁈ ᠨᠢᠭᠡ ᠤᠳᠠᠭ᠎ᠠ ᠬᠠᠰᠪᠤᠯᠠᠭ ᠨᠠᠳᠠ ᠢᠩᠭᠢᠵᠦ ᠬᠡᠯᠡᠪᠡ᠄《ᠮ᠂ ᠬᠠ᠂ ᠴᠢ ᠮᠢᠨᠦ ᠵᠣᠪᠠᠯᠠᠩ ᠢ᠋ ᠪᠠᠰᠠ ᠮᠡᠳᠡᠬᠦ ᠬᠡᠷᠡᠭᠲᠡᠢ᠃ ᠨᠠᠳᠠ ᠭᠠᠭᠴᠠᠬᠠᠨ ᠨᠢᠭᠡ ᠳᠤᠷ᠎ᠠ ᠰᠢᠨᠤᠯ ᠪᠠᠢᠳᠠᠭ᠂ ᠲᠡᠷᠡ ᠨᠢ ᠳᠠᠷᠤᠢ ᠵᠣᠬᠢᠶᠠᠯ ᠪᠢᠴᠢᠬᠦ᠃ ᠨᠢᠭᠡ ᠶᠠᠭᠤᠮ᠎ᠠ ᠪᠢᠴᠢᠬᠦ ᠭᠡᠳ ᠯᠡ ᠪᠢᠷ ᠢ᠋ᠶ᠋ᠡᠨ ᠠᠪᠬᠤ ᠳ᠋ᠤ᠌ ᠪᠡᠶ᠎ᠡ ᠬᠥᠩᠭᠡᠷᠡᠭᠡᠳ ᠶᠠᠪᠤᠴᠢᠬᠠᠨ᠎ᠠ᠃ ᠲᠡᠭᠡᠭᠡᠳ ᠪᠢᠴᠢᠭᠡᠳ ᠡᠬᠢᠯᠡᠪᠡᠯ ᠳᠤᠷ᠎ᠠ ᠲᠠᠢ ᠭᠠᠵᠠᠷ ᠢ᠋ᠶ᠋ᠠᠨ ᠶᠠᠪᠤᠵᠤ᠂ ᠲᠠᠭᠠᠲᠠᠢ ᠬᠥᠮᠦᠰ ᠲᠡᠭᠡᠨ ᠵᠣᠯᠭᠠᠵᠤ ᠪᠠᠢᠬᠤ ᠰᠢᠭ᠋ ᠰᠠᠨᠠᠭᠳᠠᠳᠠᠭ᠃ ᠢᠩᠭᠢᠵᠦ ᠪᠠᠢᠲᠠᠯ᠎ᠠ ᠡᠭᠦᠳᠡ ᠲᠣᠭᠰᠢᠬᠤ ᠶᠤᠮ ᠤᠤ᠂ ᠳ᠋ᠢᠶᠠᠩᠬᠤᠸᠠ ᠳᠤᠤᠭᠠᠷᠪᠠᠯ ᠳᠣᠲᠣᠷ᠎ᠠ ᠰᠦᠷᠡᠬᠡᠢ ᠨᠢᠭᠡ ᠰᠢᠷᠳ᠋ ᠭᠡᠵᠦ᠂ ᠶᠠᠭᠠᠬᠢᠵᠤ ᠠᠭᠤᠷ ᠬᠦᠷᠳᠡᠭ ᠢ᠋ ᠴᠢ ᠮᠡᠳᠡᠬᠦ ᠦᠭᠡᠢ᠃ ᠪᠢ ᠬᠡᠦᠬᠡᠳ ᠲᠡᠭᠡᠨ ᠬᠤᠳᠠᠯ ᠪᠢᠲᠡᠭᠡᠢ ᠬᠡᠯᠡ ᠭᠡᠵᠦ ᠣᠯᠠᠨ ᠰᠤᠷᠭᠠᠭᠰᠠᠨ ᠬᠥᠮᠦᠨ ᠳᠡ᠃ ᠭᠡᠬᠦᠯᠡᠷ ᠡᠨᠡ ᠦᠶ᠎ᠡ ᠳ᠋ᠦ᠍ ᠬᠡᠦᠬᠡᠳ ᠲᠡᠭᠡᠨ᠄ <ᠠᠪᠠᠢ ᠭᠡᠷ ᠲᠦ᠍ ᠪᠠᠢᠬᠤ ᠦᠭᠡᠢ ᠭᠡᠵᠦ ᠬᠡᠯᠡ!> ᠭᠡᠵᠦ ᠬᠤᠳᠠᠯ ᠬᠡᠯᠡᠬᠦ ᠶ᠋ᠢ ᠵᠢᠭᠠᠭᠰᠠᠨ ᠬᠥᠮᠦᠨ ᠰᠢᠦ ! ᠠᠷᠭ᠎ᠠ ᠦᠭᠡᠢ ᠳ᠋ᠡᠭᠡᠨ》 ᠭᠡᠯᠡ ᠃
ᠲᠡᠭᠡᠭᠰᠡᠨ ᠳ᠋ᠡᠭᠡᠨ ᠬᠠᠰᠪᠤᠯᠠᠭ ᠤ᠋ᠨ ᠠᠵᠢᠯ᠂ ᠵᠣᠬᠢᠶᠠᠯ ᠣᠷᠣᠯᠳᠣᠳᠠᠭ ᠠᠵᠢᠯ ᠪᠢᠰᠢ ᠭᠡᠵᠦ ᠪᠠᠢᠭ᠎ᠠ ᠮᠠᠨᠢ ᠡᠨᠡ᠃ ᠭᠡᠬᠦᠯᠡᠷ ᠬᠠᠰᠪᠤᠯᠠᠭ ᠮᠠᠨᠢ ᠵᠣᠬᠢᠶᠠᠯ ᠪᠢᠴᠢᠭᠰᠡᠨ ᠢ᠋ᠶ᠋ᠡᠷ ᠵᠣᠭᠰᠣᠬᠤ ᠦᠭᠡᠢ᠂ ᠶᠡᠬᠡ ᠣᠯᠠᠨ ᠵᠣᠬᠢᠶᠠᠯ ᠪᠢᠴᠢᠭᠰᠡᠨ ᠢ᠋ ᠶᠠᠭᠠᠬᠢᠨ᠎ᠠ ᠭᠡᠬᠦ᠃ ᠠᠩᠬᠠᠯᠠᠭᠰᠠᠭᠠᠷ ᠥᠭᠦᠯᠡᠯᠭᠡ ᠭᠡᠭᠴᠢ ᠶ᠋ᠢ ᠠᠷᠪᠢᠨ ᠪᠢᠴᠢᠳᠡᠭ ᠪᠠᠢᠯ᠎ᠠ᠃ ᠲᠡᠭᠡᠨ ᠪᠠᠢᠲᠠᠯ᠎ᠠ ᠠᠷᠪᠠᠭᠠᠳ ᠲᠦᠮᠡᠨ ᠦᠰᠦᠭ ᠦ᠋ᠨ ᠲᠣᠮᠣᠬᠠᠨ ᠲᠣᠭᠣᠵᠢ ᠭᠤᠷᠪᠠ ᠶ᠋ᠢ ᠪᠢᠴᠢᠵᠦ ᠣᠷᠣᠨ ᠤ᠋ ᠨᠥᠯᠥᠭᠡ ᠶᠡᠬᠡ ᠲᠡᠢ ᠰᠡᠳᠬᠦᠯ ᠪᠤᠶᠤ ᠠᠷᠠᠳ ᠤ᠋ᠨ ᠬᠡᠪᠯᠡᠯ ᠦ᠋ᠨ ᠬᠣᠷᠢᠶᠠᠨ ᠤ᠋ ᠭᠠᠷᠭᠠᠭᠰᠠᠨ ᠲᠣᠭᠣᠵᠢ ᠶ᠋ᠢᠨ ᠰᠣᠩᠭᠣᠮᠠᠯ ᠤ᠋ᠳ ᠢ᠋ᠶ᠋ᠠᠷ ᠨᠡᠢᠲᠡᠯᠡᠭᠦᠯᠵᠦ ᠪᠠᠢᠭᠰᠠᠨ ᠢ᠋ᠶ᠋ᠠᠨ ᠭᠡᠨᠡᠳᠲᠡᠬᠡᠨ ᠨᠢᠭᠡ ᠮᠡᠳᠡᠬᠦ ᠳ᠋ᠦ᠍ ᠯᠡ 《ᠬᠥᠬᠡᠮᠳᠦᠭ ᠬᠤᠷᠠᠬᠤ》ᠭᠡᠬᠦ 46 ᠲᠦᠮᠡᠨ ᠦᠰᠦᠭ ᠦ᠋ᠨ ᠲᠣᠮᠣ ᠷᠣᠮᠠᠨ ᠪᠦᠲᠦᠭᠡᠯ ᠢ᠋ᠶ᠋ᠡᠨ ᠬᠡᠪᠯᠡᠯ ᠳ᠋ᠦ᠍ ᠳᠡᠪᠰᠢᠭᠦᠯᠵᠦ᠂ 《ᠬᠠᠰᠪᠤᠯᠠᠭ ᠤ᠋ᠨ ᠥᠭᠦᠯᠡᠯᠭᠡ ᠲᠣᠭᠣᠵᠢ ᠶ᠋ᠢᠨ ᠲᠡᠭᠦᠪᠦᠷᠢ》 ᠭᠡᠬᠦ 20 ᠲᠦᠮᠡᠨ ᠦᠰᠦᠭ ᠦ᠋ᠨ ᠲᠡᠭᠦᠪᠦᠷᠢ ᠪᠡᠨ ᠬᠡᠪᠯᠡᠯ ᠳ᠋ᠦ᠍ ᠲᠤᠰᠢᠶᠠᠵᠤ᠂ ᠡᠨᠡ ᠭᠠᠷᠬᠤ ᠭᠡᠵᠦ ᠪᠠᠢᠭ᠎ᠠ 《ᠡᠴᠦᠰ ᠦ᠋ᠨ ᠮᠢᠨᠦ᠋ᠲ》 ᠢ᠋ᠶ᠋ᠡᠨ ᠴᠤ᠌ ᠬᠡᠪᠯᠡᠯ ᠳ᠋ᠦ᠍ ᠲᠤᠰᠢᠶᠠᠴᠢᠬᠠᠯᠠ᠃ ᠲᠡᠭᠡᠭᠡᠳ ᠡᠳᠡᠭᠡᠷ ᠨᠣᠮ ᠨᠢ ᠪᠠᠰᠠ ᠨᠢᠭᠡᠨᠲᠡ ᠬᠡᠪᠯᠡᠭᠳᠡᠭᠰᠡᠨ ᠪᠤᠶᠤ ᠦᠷᠭᠦᠯᠵᠢᠯᠡᠨ ᠨᠡᠢᠲᠡᠯᠡᠭᠦᠯᠵᠦ ᠳᠠᠷᠠᠭ᠎ᠠ ᠨᠢ ᠬᠡᠪᠯᠡᠭᠳᠡᠨ ᠨᠣᠮ ᠪᠣᠯᠬᠤ ᠭᠡᠵᠦ ᠪᠠᠢᠭ᠎ᠠ ᠪᠢᠯᠡ᠃ ᠬᠠᠰᠪᠤᠯᠠᠭ ᠢ᠋ ᠨᠡᠯᠢᠶᠡᠳ ᠮᠡᠳᠡᠬᠦ ᠬᠥᠮᠦᠨ ᠬᠢᠷᠢ ᠨᠢ ᠲᠡᠭᠦᠨ ᠦ᠌ ᠥᠭᠦᠯᠡᠯᠭᠡ ᠲᠣᠭᠣᠵᠢ ᠤᠷᠤᠯᠳᠤᠵᠤ ᠪᠠᠢᠭᠰᠠᠨ ᠢ᠋ ᠨᠢ ᠮᠡᠳᠡᠬᠦ ᠡᠴᠡ ᠪᠢᠰᠢ᠂ ᠲᠡᠢᠮᠦ ᠶᠠᠭᠠᠷᠠᠤ ᠬᠥᠮᠦᠨ ᠬᠠᠷᠢᠨ ᠲᠣᠮᠣ ᠷᠣᠮᠠᠨ ᠪᠢᠴᠢᠨ᠎ᠡ ᠭᠡᠵᠦ ᠪᠣᠳᠣᠭ᠎ᠠ ᠴᠤ᠌ ᠦᠭᠡᠢ ᠭᠠᠵᠠᠷ ᠳᠠ᠃ ᠭᠡᠬᠦᠯᠡᠷ ᠪᠢ ᠮᠠᠲᠠᠵᠤ ᠪᠠᠢᠭᠰᠠᠨ᠂ 《ᠴᠢ ᠡᠢᠮᠦ ᠶᠠᠭᠠᠷᠠᠤ ᠬᠥᠮᠦᠨ᠂ ᠠᠯᠢ ᠴᠠᠭ ᠢ᠋ᠶ᠋ᠠᠷ ᠢ᠋ᠶ᠋ᠠᠨ ᠷᠣᠮᠠᠨ ᠪᠢᠴᠢᠳᠡᠭ ᠶᠦᠮ ?》 ᠭᠡᠵᠦ ᠠᠰᠠᠭᠤᠪᠠᠯ ᠲᠡᠷᠡ ᠠᠷᠭ᠎ᠠ ᠪᠠᠷᠠᠭᠳᠠᠭᠰᠠᠨ ᠪᠤᠶᠤ ᠠᠯᠢᠶᠠᠷᠬᠠᠭᠰᠠᠨ ᠢᠨᠢᠶᠡᠳᠦ ᠬᠣᠣᠰᠯᠠᠭᠤᠯᠵᠤ : 《ᠠᠯᠢ ᠴᠠᠭ ᠭᠡᠵᠦ ᠬᠡᠯᠡᠬᠦ ᠪᠣᠢ ᠳᠠ᠂ ᠠᠮᠵᠢᠪᠠᠯ ᠯᠠ ᠪᠢᠴᠢᠭᠡᠳ ᠪᠠᠢᠳᠠᠭ᠃ ᠪᠠᠰᠠ ᠨᠢᠭᠡ ᠬᠡᠯᠡᠪᠡᠯ ᠭᠠᠷᠠᠭ ᠤ᠋ᠨ ᠡᠳᠦᠷ ᠪᠤᠶᠤ ᠰᠥᠨᠢ ᠶ᠋ᠢᠨ ᠵᠢᠭᠠᠬᠠᠨ ᠴᠠᠭ ᠢ᠋ ᠯᠡ ᠠᠰᠢᠭᠯᠠᠭᠰᠠᠨ ᠶᠠᠪᠤᠳᠠᠯ ᠰᠢᠲᠠ》 ᠭᠡᠵᠦ ᠬᠡᠯᠡᠵᠦ ᠪᠢᠯᠡ᠃
ᠥᠭᠡᠷ᠎ᠡ ᠦᠢᠯᠡᠰ ᠪᠦᠲᠦᠭᠡᠭᠴᠢᠳ ᠢ᠋ ᠪᠢ ᠰᠠᠢᠨ ᠮᠡᠳᠡᠬᠦ ᠦᠭᠡᠢ᠃ ᠭᠡᠬᠦᠯᠡᠷ ᠵᠣᠬᠢᠶᠠᠯ ᠣᠷᠣᠯᠳᠣᠬᠤ ᠬᠥᠮᠦᠨ ᠪᠣᠯ ᠥᠪᠡᠷ ᠦ᠋ᠨ ᠠᠪᠢᠶᠠᠰ ᠣᠨᠴᠠᠯᠢᠭ ᠤ᠋ᠨ ᠢ᠋ᠶ᠋ᠠᠨ ᠳᠡᠭᠡᠷ᠎ᠡ ᠰᠢᠷᠭᠠᠭᠤ ᠬᠥᠳᠡᠯᠮᠦᠷᠢ ᠪᠡᠨ ᠨᠡᠮᠡᠵᠦ ᠨᠢᠭᠡ ᠨᠢᠭᠡ ᠦᠰᠦᠭ᠂ ᠨᠢᠭᠡ ᠨᠢᠭᠡ ᠥᠭᠦᠯᠡᠪᠦᠷᠢ ᠪᠡᠷ ᠲᠡᠦᠬᠡᠨ ᠳ᠋ᠦ᠍ ᠪᠠᠰᠠ ᠨᠢᠭᠡ ᠶᠠᠭᠤᠮ᠎ᠠ ᠦᠯᠡᠳᠡᠴᠢᠬᠡᠬᠦ ᠪᠡᠷ ᠶᠠᠪᠤᠳᠠᠯ ᠬᠢᠳᠡᠭ ᠭᠡᠰᠡᠨ ᠢ᠋ ᠪᠢ ᠮᠡᠳᠡᠨ᠎ᠡ᠃ ᠲᠠᠷᠢᠬᠢ ᠨᠤᠭᠤᠰᠤᠨ ᠳ᠋ᠠᠭᠠᠨ ᠭᠡᠮ ᠬᠡᠨᠡᠭᠡ ᠦᠭᠡᠢ ᠬᠥᠮᠦᠨ ᠪᠦᠬᠦᠨ ᠠᠪᠢᠶᠠᠰ ᠪᠢᠯᠢᠭ ᠦᠭᠡᠢ ᠪᠢᠰᠢ᠂ ᠰᠢᠷᠭᠠᠭᠤ ᠬᠥᠳᠡᠯᠮᠦᠷᠢᠯᠡᠵᠦ ᠪᠠᠰᠠ ᠴᠢᠳᠠᠨ᠎ᠠ᠃ ᠭᠡᠬᠦᠯᠡᠷ ᠰᠢᠷᠭᠠᠭᠤ ᠬᠥᠳᠡᠯᠮᠦᠷᠢ ᠵᠣᠷᠢᠭ ᠲᠤ᠌ ᠲᠦᠰᠢᠭᠯᠡᠨ᠎ᠡ᠃ ᠲᠡᠭᠡᠪᠡᠯ ᠵᠣᠷᠢᠭ ᠬᠠᠮᠢᠭ᠎ᠠ ᠠ᠋ᠴᠠ ᠢᠷᠡᠳᠡᠭ ᠶᠦᠮ ? ᠵᠣᠷᠢᠭ ᠬᠥᠮᠦᠨ ᠦ᠌ ᠪᠡᠶ᠎ᠡ ᠳ᠋ᠦ᠍ ᠲᠥᠷᠥᠯᠬᠢ ᠪᠠᠢᠳᠠᠭ ᠪᠢᠰᠢ᠂ ᠬᠠᠷᠢᠨ ᠡᠨᠡ ᠬᠣᠷᠸ᠎ᠠ ᠶ᠋ᠢᠨ ᠡᠷᠢᠶᠡᠨ ᠠᠯᠠᠭ ᠲᠤ᠌ ᠲᠠᠪᠲᠠᠭᠳᠠᠵᠤ ᠪᠣᠢ ᠪᠣᠯᠳᠠᠭ ᠪᠠᠢᠵᠢ ᠳᠠ᠃ ᠨᠢᠭᠡ ᠤᠳᠠᠭ᠎ᠠ ᠬᠠᠰᠪᠤᠯᠠᠭ ᠮᠠᠨ ᠤ᠋ ᠬᠣᠶᠠᠭᠤᠯᠠ ᠰᠤᠯᠠ ᠶᠠᠷᠢᠯᠴᠠᠵᠤ ᠪᠠᠢᠭᠠᠳ ᠲᠡᠷᠡ : 《ᠮᠠᠨᠤᠰ ᠤ᠋ᠨ ᠲᠡᠷᠡ ᠦᠶᠡᠰ ᠦ᠋ᠨ ᠠᠮᠢᠳᠤᠷᠠᠯ ᠢ᠋ ᠶᠠᠮᠠᠷ ᠠᠮᠢᠳᠤᠷᠠᠯ ᠭᠡᠵᠦ ᠬᠡᠯᠡᠬᠦ ᠪᠣᠢ᠃ ᠪᠢ ᠠᠬ᠎ᠠ ᠳᠡᠭᠦᠦ ᠠᠷᠪᠢᠨ ᠬᠥᠮᠦᠨ᠂ ᠳᠡᠭᠡᠷ᠎ᠡ ᠡᠴᠡ ᠨᠢ ᠭᠡᠷ ᠦ᠋ᠨ ᠠᠵᠤ ᠠᠮᠢᠳᠤᠷᠠᠯ ᠴᠤ᠌ ᠬᠦᠴᠢᠷᠲᠡᠢ᠃ ᠪᠠᠭ᠎ᠠ ᠰᠤᠷᠭᠠᠭᠤᠯᠢ ᠶ᠋ᠢᠨ ᠬᠡᠳᠦᠨ ᠵᠢᠯ ᠢ᠋ ᠴᠣᠬᠣᠮ ᠴᠤ᠌ ᠦᠢᠯᠡ ᠪᠡᠨ ᠦᠵᠡᠵᠦ ᠥᠩᠭᠡᠷᠡᠭᠡᠭᠰᠡᠨ᠃ ᠳᠤᠮᠳᠠᠳᠤ ᠰᠤᠷᠭᠠᠭᠤᠯᠢ ᠳ᠋ᠤ᠌ ᠣᠷᠣᠬᠤ ᠳ᠋ᠤ᠌ ᠥᠪᠡᠷ ᠢ᠋ᠶ᠋ᠡᠨ ᠪᠠᠰᠠ ᠵᠢᠭᠠᠬᠠᠨ ᠴᠢᠳᠠᠯ ᠲᠡᠩᠬᠡᠭᠡ ᠲᠡᠢ ᠪᠣᠯᠴᠢᠬᠠᠭᠰᠠᠨ ᠶᠤᠮ ᠪᠢᠵᠡ᠂ ᠰᠤᠷᠭᠠᠭᠤᠯᠢ ᠶ᠋ᠢᠨ ᠰᠤᠷᠤᠯᠭ᠎ᠠ ᠶ᠋ᠢᠨ ᠰᠦᠢᠳᠬᠡᠯ᠂ ᠡᠩ ᠦ᠋ᠨ ᠵᠠᠷᠤᠬᠤ ᠵᠣᠭᠣᠰ ᠢ᠋ᠶ᠋ᠠᠨ ᠭᠠᠷᠠᠭ ᠤ᠋ᠨ ᠡᠳᠦᠷ ᠲᠦᠯᠡᠭᠡ ᠮᠣᠳᠣ ᠲᠡᠭᠦᠬᠦ ᠰᠢᠭ᠂ ᠲᠡᠭᠦᠨ ᠢ᠋ᠶ᠋ᠡᠨ ᠬᠤᠳᠠᠯᠳᠤᠬᠤ ᠰᠢᠭ᠋ ᠠᠷᠭᠠᠴᠠᠭᠠᠳᠠᠭ ᠪᠠᠢᠭᠰᠠᠨ᠃ ᠰᠡᠭᠦᠯ ᠳᠦ᠋ᠨᠢ ᠪᠠᠭᠰᠢ ᠶ᠋ᠢᠨ ᠠᠩᠭᠢ ᠳ᠋ᠤ᠌ ᠰᠢᠯᠭᠠᠭᠳᠠᠨ ᠣᠷᠣᠯ᠎ᠠ᠃ ᠲᠡᠭᠡᠬᠦ ᠳ᠋ᠦ᠍ ᠨᠡᠩ ᠴᠢᠳᠠᠯ ᠣᠷᠣᠴᠢᠬᠠᠵᠤ᠂ ᠥᠪᠡᠷ ᠦ᠋ᠨ ᠪᠡᠶ᠎ᠡ ᠪᠡᠨ ᠥᠪᠡᠷ ᠢ᠋ᠶ᠋ᠡᠨ ᠲᠡᠵᠢᠭᠡᠴᠢᠬᠡᠳᠡᠭ ᠪᠣᠯᠤᠭᠰᠠᠨ᠃ ᠪᠠᠭᠰᠢ ᠶ᠋ᠢᠨ ᠰᠤᠷᠭᠠᠭᠤᠯᠢ ᠪᠠᠨ ᠲᠡᠭᠦᠰᠦᠭᠡᠳ ᠨᠤᠲᠤᠭ ᠲᠠᠭᠠᠨ ᠬᠠᠷᠢᠵᠤ ᠪᠠᠭ᠎ᠠ ᠰᠤᠷᠭᠠᠭᠤᠯᠢ ᠶ᠋ᠢᠨ ᠪᠠᠭᠰᠢ ᠪᠣᠯᠤᠭᠰᠠᠨ᠃ ᠲᠡᠷᠡ ᠰᠤᠷᠭᠠᠭᠤᠯᠢ ᠨᠢ ᠴᠤ᠌ ᠪᠠᠰᠠ ᠬᠦᠴᠢᠷᠳᠡᠯᠲᠡᠢ ᠭᠠᠵᠠᠷ᠃ ᠲᠡᠷᠡ ᠵᠢᠭᠠᠬᠠᠨ ᠵᠢᠭᠠᠬᠠᠨ ᠠᠮᠢᠲᠠᠳ ᠢ᠋ ᠳᠠᠭᠠᠭᠤᠯᠤᠭᠠᠳ ᠲᠦᠯᠡᠭᠡ ᠮᠣᠳᠣᠨ ᠳ᠋ᠤ᠌ ᠶᠠᠪᠤᠬᠤ᠃ ᠪᠢ ᠨᠢᠭᠡ ᠠᠩᠭᠢ ᠰᠤᠷᠤᠭᠴᠢᠳ ᠤ᠋ᠨ ᠢ᠋ᠶ᠋ᠠᠨ ᠲᠦᠯᠡᠭᠡ ᠶ᠋ᠢ ᠨᠢ ᠪᠠᠭᠯᠠᠵᠤ ᠥᠭᠴᠦ ᠪᠠᠷᠢᠭᠠᠳ ᠭᠠᠷ ᠬᠡᠴᠢᠨᠡᠭᠡᠨ ᠤᠳᠠᠭ᠎ᠠ ᠬᠠᠭᠠᠷᠠᠴᠢᠬᠠᠭᠰᠠᠨ ᠢ᠋ ᠮᠡᠳᠡᠬᠦ ᠦᠭᠡᠢ᠃ ᠳᠠᠷᠠᠭ᠎ᠠ ᠪᠠᠷ ᠨᠢ ᠴᠡᠷᠢᠭ ᠲᠦ᠍ ᠶᠠᠪᠤᠯ᠎ᠠ᠃ ᠴᠡᠷᠢᠭ ᠦ᠋ᠨ ᠠᠮᠢᠳᠤᠷᠠᠯ ᠨᠡᠩ ᠰᠦᠷᠡᠬᠡᠢ᠃ ᠪᠣᠯᠪᠠᠰᠤᠷᠠᠯ ᠰᠤᠷᠭᠠᠭᠤᠯᠢᠯᠠᠯ ᠭᠡᠳ ᠪᠠᠷᠤᠭ ᠬᠠᠭᠠᠰ ᠵᠢᠯ ᠬᠥᠯᠥᠰᠥ ᠴᠢᠰᠤ ᠪᠠᠨ ᠤᠷᠤᠰᠬᠠᠭᠰᠠᠨ ᠤ᠋ ᠳᠠᠷᠠᠭ᠎ᠠ ᠳᠠᠢᠨ ᠳ᠋ᠤ᠌ ᠪᠡᠯᠡᠳᠬᠡᠬᠦ ᠶ᠋ᠢᠨ ᠬᠡᠷᠡᠭᠴᠡᠭᠡ ᠪᠡᠷ ᠠᠭᠤᠯᠠ ᠭᠡᠭᠴᠢ ᠶ᠋ᠢ ᠬᠥᠨᠳᠡᠢᠯᠡᠵᠦ ᠯᠡ ᠮᠡᠳᠡᠭᠰᠡᠨ᠃ ᠬᠠᠳᠠ ᠴᠢᠯᠠᠭᠤ ᠲᠠᠢ ᠵᠣᠳᠣᠯᠴᠠᠪᠠ ᠭᠡᠭᠴᠢ ᠨᠢ ᠰᠦᠷᠡᠬᠡᠢ ᠶᠠᠭᠤᠮ᠎ᠠ ᠪᠠᠢᠨ᠎ᠠ ᠪᠢᠯᠡ᠃ ᠳᠠᠬᠢᠪᠠᠯ ᠴᠠᠬᠢᠯᠭᠠᠨ ᠤᠲᠠᠰᠤᠨ ᠨᠦᠬᠡ ᠮᠠᠯᠲᠠᠬᠤ᠂ ᠠᠭᠤᠷᠬᠠᠢ ᠨᠡᠭᠡᠭᠡᠬᠦ ᠭᠡᠬᠦ ᠮᠡᠲᠦ ᠶ᠋ᠢᠨ ᠬᠦᠨᠳᠦ ᠰᠢᠷᠦᠭᠦᠨ ᠠᠵᠢᠯ ᠢ᠋ ᠬᠢᠵᠦ ᠯᠡ ᠮᠡᠳᠡᠭᠰᠡᠨ᠃ ᠴᠡᠷᠢᠭ ᠭᠡᠳᠡᠭ ᠶᠠᠭᠤᠮ᠎ᠠ ᠠᠯᠢ ᠬᠠᠭᠤᠴᠢᠷᠠᠬᠤ ᠳ᠋ᠤ᠌ ᠠᠯᠢ ᠬᠥᠩᠭᠡᠷᠡᠳᠡᠭ ᠦ᠋ᠨ ᠬᠠᠤᠯᠢ ᠪᠠᠷ ᠰᠡᠭᠦᠯᠳᠡᠵᠦ ᠢᠷᠡᠬᠦ ᠳ᠋ᠦ᠍ ᠬᠠᠷᠢᠨ ᠵᠢᠭᠠᠬᠠᠨ ᠭᠠᠢᠭᠤᠢ ᠪᠣᠯᠵᠤ᠂ ᠮᠠᠨᠤᠰ ᠤ᠋ᠨ ᠨᠢᠭᠡ ᠪᠦᠯᠦᠭ ᠬᠠᠭᠤᠴᠢᠨ ᠴᠡᠷᠢᠭ ᠢ᠋ ᠮᠣᠷᠢ᠂ ᠭᠠᠬᠠᠢ ᠲᠡᠵᠢᠭᠡᠬᠦ ᠮᠡᠲᠦ ᠶ᠋ᠢᠨ ᠬᠥᠩᠭᠡᠨ ᠠᠵᠢᠯ ᠳ᠋ᠤ᠌ ᠲᠣᠬᠢᠷᠠᠭᠤᠯᠤᠭᠰᠠᠨ ᠨᠢ ᠲᠡᠷᠡ ᠦᠶᠡᠰ ᠲᠡᠭᠡᠨ ᠪᠣᠯ ᠮᠠᠯᠠᠭᠠᠢ ᠪᠦᠰᠡ ᠦᠭᠡᠢ ᠵᠢᠷᠭᠠᠭᠰᠠᠨ ᠰᠢᠭ᠋ ᠰᠠᠨᠠᠭᠳᠠᠵᠤ ᠪᠠᠢᠭᠰᠠᠨ》 ᠭᠡᠵᠦ ᠬᠡᠯᠡᠭᠰᠡᠨ ᠪᠢᠯᠡ᠃ ᠬᠠᠰᠪᠤᠯᠠᠭ ᠬᠠᠷ᠎ᠠ ᠪᠠᠭ᠎ᠠ ᠠ᠋ᠴᠠ ᠪᠠᠨ ᠵᠣᠷᠢᠭ ᠤ᠋ᠨ ᠶᠡᠬᠡ ᠰᠤᠷᠭᠠᠭᠤᠯᠢ ᠳ᠋ᠤ᠌ ᠰᠠᠭᠤᠴᠢᠬᠠᠭᠰᠠᠨ ᠬᠥᠮᠦᠨ ᠪᠠᠢᠵᠠᠢ᠃ ᠡᠨᠡ ᠬᠣᠷᠸ᠎ᠠ ᠶ᠋ᠢᠨ ᠡᠷᠢᠶᠡᠨ ᠠᠯᠠᠭ ᠠᠮᠢᠳᠤᠷᠠᠯ ᠲᠡᠭᠦᠨ ᠢ᠋ ᠰᠦᠷᠡᠬᠡᠢ ᠵᠣᠷᠢᠭᠲᠠᠢ ᠪᠣᠯᠭᠠᠨ ᠳᠠᠪᠲᠠᠵᠤ᠂ ᠡᠨᠡ ᠵᠣᠷᠢᠭ᠂ ᠰᠢᠷᠭᠠᠭᠤ ᠬᠥᠳᠡᠯᠮᠦᠷᠢ ᠶ᠋ᠢ ᠪᠦᠲᠦᠭᠡᠵᠦ᠂ ᠰᠢᠷᠭᠠᠭᠤ ᠬᠥᠳᠡᠯᠮᠦᠷᠢ ᠶ᠋ᠢᠨ ᠳᠡᠭᠡᠷ᠎ᠡ ᠠᠪᠢᠶᠠᠰ ᠪᠢᠯᠢᠭ ᠨᠢ ᠨᠡᠮᠡᠭᠳᠡᠵᠦ ᠡᠢᠮᠦ ᠲᠣᠮᠣᠬᠠᠨ ᠪᠦᠲᠦᠭᠡᠯ ᠦ᠋ᠳ ᠢ᠋ ᠭᠠᠷᠭᠠᠨ ᠬᠠᠨᠠᠨ ᠲᠣᠯᠣᠭᠠᠢ ᠠ᠋ᠴᠠ ᠪᠠᠨ ᠠᠷᠪᠠᠨ ᠲᠠᠪᠤᠨ ᠭᠦᠵᠡᠭᠡ ᠰᠢᠷ᠎ᠠ ᠲᠣᠰᠣ ᠡᠯᠭᠦᠴᠢᠬᠡᠭᠰᠡᠨ ᠪᠠᠶᠠᠨ ᠡᠷ᠎ᠡ ᠰᠢᠭ ᠦᠨᠡᠨ ᠥᠪ ᠲᠡᠢ ᠬᠠᠩᠬᠠᠯᠵᠠᠭᠠᠳ ᠶᠠᠪᠤᠳᠠᠭ ᠪᠠᠢᠵᠢ ᠳᠠ᠃
ᠡᠨᠡ ᠪᠣᠯ ᠬᠠᠰᠪᠤᠯᠠᠭ᠃
ᠣᠳᠣ ᠬᠠᠰᠪᠤᠯᠠᠭ ᠤ᠋ᠨ ᠵᠣᠬᠢᠶᠠᠯ ᠪᠦᠲᠦᠭᠡᠯ ᠢ᠋ ᠠᠮᠲᠠᠷᠬᠠᠵᠤ ᠰᠣᠨᠢᠷᠬᠠᠭᠰᠠᠨ ᠤ᠋ ᠬᠤᠪᠢ ᠳ᠋ᠤ᠌ ᠥᠪᠡᠷ ᠦ᠋ᠨ ᠮᠥᠴᠢᠳᠬᠡᠨ ᠦᠵᠡᠯᠲᠡ ᠪᠡᠨ ᠬᠡᠯᠡᠶ᠎ᠡ᠃ ᠭᠡᠬᠦᠯᠡᠷ ᠬᠠᠮᠤᠭ ᠲᠦᠷᠦᠭᠦᠨ ᠳ᠋ᠦ᠍ ᠬᠡᠯᠡᠬᠦ ᠡᠴᠡ ᠲᠤᠰ ᠬᠥᠮᠦᠨ ᠤᠷᠠᠨ ᠵᠣᠬᠢᠶᠠᠯ ᠤ᠋ᠨ ᠥᠭᠦᠯᠡᠮᠵᠢ ᠬᠢᠬᠦ ᠳ᠋ᠡᠭᠡᠨ ᠠᠨᠠᠢᠬᠠᠨ᠂ ᠣᠨᠣᠯ ᠶᠣᠰᠣ ᠶ᠋ᠢ ᠮᠡᠳᠡᠭᠰᠡᠨ ᠨᠢ ᠴᠤ᠌ ᠠᠯᠠᠭ ᠪᠤᠯᠠᠭ᠃ ᠲᠡᠭᠡᠬᠦᠯᠡᠷ ᠪᠣᠳᠣᠭᠰᠠᠨ ᠰᠠᠨᠠᠭᠰᠠᠨ ᠢ᠋ᠶ᠋ᠠᠨ ᠬᠡᠯᠡᠬᠦ ᠡᠴᠡ ᠴᠠᠭᠠᠰᠢ ᠦᠭᠡᠢ ᠪᠠᠢᠬᠤ ᠪᠢᠵᠡ᠃
ᠬᠠᠰᠪᠤᠯᠠᠭ ᠤ᠋ᠨ ᠵᠣᠬᠢᠶᠠᠯ ᠪᠦᠲᠦᠭᠡᠯ ᠦ᠋ᠨ ᠬᠡᠪ ᠨᠠᠮᠪᠠ ᠮᠠᠨ ᠤ᠋ ᠣᠷᠳᠣᠰ ᠤ᠋ᠨ ᠮᠣᠩᠭᠣᠯ ᠵᠣᠬᠢᠶᠠᠯᠴᠢᠳ ᠪᠠᠢᠲᠤᠭᠠᠢ᠂ ᠣᠷᠣᠨ ᠤ᠋ ᠮᠣᠩᠭᠣᠯ ᠵᠣᠬᠢᠶᠠᠯᠴᠢᠳ ᠤ᠋ᠨ ᠳᠣᠲᠣᠷ᠎ᠠ ᠴᠤ᠌ ᠬᠣᠪᠣᠷᠬᠠᠨ ᠬᠠᠷᠠᠭᠳᠠᠨ᠎ᠠ᠃ ᠡᠨᠡ ᠨᠢ ᠲᠡᠭᠦᠨ ᠦ᠌ ᠠᠵᠢᠯ ᠤ᠋ᠨ ᠲᠥᠷᠥᠯ ᠵᠦᠢᠯ ᠲᠡᠢ ᠬᠣᠯᠪᠣᠭᠳᠠᠬᠤ ᠮᠠᠭᠠᠳ ᠦᠭᠡᠢ ᠴᠤ᠌᠂ ᠳᠠᠬᠢᠭᠠᠳ ᠨᠢᠭᠡ ᠬᠡᠯᠡᠪᠡᠯ ᠲᠡᠭᠦᠨ ᠦ᠌ ᠥᠪᠡᠷ ᠦ᠋ᠨ ᠪᠡᠶ᠎ᠡ ᠳ᠋ᠡᠭᠡᠨ ᠥᠪᠡᠷ ᠢ᠋ᠶ᠋ᠡᠨ ᠡᠵᠡᠨ ᠰᠠᠭᠤᠬᠤ ᠭᠡᠳᠡᠭ ᠵᠠᠩ ᠴᠢᠨᠠᠷ ᠠ᠋ᠴᠠ ᠰᠢᠯᠲᠠᠭᠠᠯᠠᠵᠤ᠂ ᠥᠪᠡᠷᠮᠢᠴᠡ ᠬᠡᠪ ᠨᠠᠮᠪᠠ ᠪᠠᠨ ᠪᠣᠢ ᠪᠣᠯᠭᠠᠭᠰᠠᠨ ᠭᠡᠯᠲᠡᠢ᠃ ᠲᠡᠭᠦᠨ ᠦ᠌ ᠵᠣᠬᠢᠶᠠᠯ ᠤ᠋ᠨ ᠣᠯᠠᠩᠬᠢ ᠨᠢ ᠬᠡᠷᠡᠭ ᠵᠠᠷᠭᠤ᠂ ᠲᠠᠩᠨᠠᠨ ᠮᠥᠷᠳᠡᠯ᠂ ᠬᠠᠤᠯᠢ ᠴᠠᠭᠠᠵᠠ ᠪᠠᠷ ᠰᠦᠪᠡᠭᠴᠢ ᠪᠡᠨ ᠪᠣᠯᠭᠠᠭᠰᠠᠨ ᠪᠠᠢᠳᠠᠭ᠃ ᠭᠡᠬᠦᠯᠡᠷ ᠲᠡᠷᠡ ᠳᠠᠩ ᠴᠤᠯᠭᠤᠢ ᠬᠠᠤᠯᠢ ᠴᠠᠭᠠᠵᠠ᠂ ᠲᠡᠩᠨᠡᠯ ᠮᠥᠷᠳᠡᠯ᠂ ᠬᠡᠷᠡᠭ ᠵᠠᠷᠭᠤ ᠶ᠋ᠢ ᠯᠡ ᠪᠢᠴᠢᠭᠰᠡᠨ ᠪᠢᠰᠢ᠂ ᠬᠠᠷᠢᠨ ᠡᠭᠦᠨ ᠢ᠋ᠶ᠋ᠡᠷ ᠳᠠᠮᠵᠢᠭᠤᠯᠵᠤ ᠪᠠᠢᠭᠠᠳ ᠬᠥᠮᠦᠨ ᠦ᠌ ᠠᠮᠢᠳᠤᠷᠠᠯ ᠤ᠋ᠨ ᠪᠤᠳᠤᠯᠢᠶᠠᠨ ᠪᠤᠯᠠᠩᠭᠢᠷ᠂ ᠨᠡᠢᠭᠡᠮ ᠦ᠋ᠨ ᠡᠷᠢᠶᠡᠨ ᠠᠯᠠᠭ ᠵᠢᠴᠢ ᠬᠠᠤᠯᠢ ᠴᠠᠭᠠᠵᠠ ᠪᠣᠯᠤᠨ ᠪᠤᠰᠤᠳ ᠠᠮᠢᠲᠠᠳ ᠠ᠋ᠴᠠ ᠢᠯᠭᠠᠭᠳᠠᠬᠤ ᠬᠥᠮᠦᠨ ᠭᠡᠰᠡᠨ ᠣᠶᠤᠨ ᠤᠬᠠᠭᠠᠨ ᠨᠢ ᠬᠥᠭᠵᠢᠭᠰᠡᠨ ᠠᠮᠢᠲᠠᠨ ᠤ᠋ ᠨᠢᠩᠵᠢᠨ ᠰᠡᠳᠬᠢᠯ ᠦ᠋ᠨ ᠵᠥᠷᠢᠴᠡᠯ ᠮᠥᠷᠭᠥᠯᠳᠦᠭᠡᠨ ᠢ᠋ ᠬᠠᠷᠠᠭᠤᠯᠤᠭᠰᠠᠨ ᠪᠠᠢᠳᠠᠭ ᠢ᠋ ᠳᠤᠷᠠᠳᠤᠭᠤᠰᠢᠲᠠᠢ᠃ ᠡᠭᠦᠨ ᠳ᠋ᠦ᠍ 《ᠨᠣᠷᠮ᠎ᠠ ᠪᠡᠶᠡᠯᠡᠭᠦᠯᠬᠦ ᠡᠳᠦᠷ ᠦ᠋ᠳ ᠲᠦ᠍》 (ᠨᠥᠭᠦᠭᠡ ᠲᠡᠭᠦᠪᠦᠷᠢ ᠳ᠋ᠦ᠍ ᠣᠷᠣᠵᠠᠢ)᠂ 《ᠦᠷ᠎ᠡ ᠳ᠋ᠡᠭᠡᠨ ᠲᠡᠮᠡᠦᠯᠦᠭᠰᠡᠨ ᠶᠠᠯ᠎ᠠ ᠲᠠᠢ ᠬᠥᠮᠦᠨ》 (ᠲᠤᠰ ᠲᠡᠭᠦᠪᠦᠷᠢ ᠳ᠋ᠦ᠍) ᠂ 《ᠥᠨᠳᠥᠷ ᠠᠰᠠᠷ ᠤ᠋ᠨ ᠫᠤᠤ ᠶ᠋ᠢᠨ ᠳᠠᠭᠤᠨ》 (ᠨᠥᠭᠦᠭᠡ ᠲᠡᠭᠦᠪᠦᠷᠢ ᠳ᠋ᠦ᠍)᠂ 《ᠬᠣᠷᠢᠭᠤᠯ ᠳᠣᠲᠣᠷᠠᠬᠢ ᠬᠣᠷᠢᠭ᠎ᠠ ᠦᠭᠡᠢ ᠬᠠᠢᠷ᠎ᠠ》 (ᠲᠤᠰ ᠲᠡᠭᠦᠪᠦᠷᠢ ᠳ᠋ᠦ᠍) ᠪᠤᠶᠤ ᠲᠣᠭᠣᠵᠢ 《ᠣᠩᠭᠣᠨ ᠬᠠᠢᠯᠠᠰᠤᠨ ᠦᠢᠮᠡᠭᠡᠨ》 (ᠨᠥᠭᠦᠭᠡ ᠲᠡᠭᠦᠪᠦᠷᠢ ᠳ᠋ᠦ᠍)᠁ ᠭᠡᠬᠦ ᠮᠡᠲᠦ ᠶ᠋ᠢᠨ ᠵᠣᠬᠢᠶᠠᠯ ᠵᠢᠱ᠌ᠢᠶᠡᠯᠡᠭᠳᠡᠨᠡ᠃ ᠡᠳᠡᠭᠡᠷ ᠵᠣᠬᠢᠶᠠᠯ ᠤ᠋ᠳ ᠤ᠋ᠨ ᠭᠣᠣᠯ ᠪᠠᠭᠠᠲᠤᠷ ᠨᠢ ᠠᠰᠪᠤᠷ ᠴᠠᠭᠠᠪᠤᠷ ᠬᠠᠤᠯᠢᠴᠢ ᠪᠤᠶᠤ ᠠᠯᠠᠬᠤ ᠶᠠᠯ᠎ᠠ ᠪᠠᠷ ᠰᠢᠢᠳᠬᠡᠭᠳᠡᠭᠰᠡᠨ ᠶᠠᠯᠠᠲᠠᠳ᠂ ᠡᠰᠡᠬᠦᠯ᠎ᠡ ᠬᠣᠷᠢᠬᠤ ᠶᠠᠯ᠎ᠠ ᠪᠠᠷ ᠰᠢᠭᠢᠳᠬᠡᠭᠳᠡᠭᠡᠳ ᠬᠣᠷᠢᠭᠤᠯ ᠠ᠋ᠴᠠ ᠪᠠᠨ ᠳᠤᠲᠠᠭᠠᠭᠰᠠᠨ ᠣᠷᠭᠣᠳᠠᠭᠤᠯ ᠪᠤᠶᠤ ᠶᠠᠯ᠎ᠠ ᠨᠢ ᠨᠢᠭᠡᠨᠲᠡ ᠠᠯᠠᠬᠤ ᠪᠤᠶᠤ ᠬᠣᠷᠢᠭᠳᠠᠬᠤ ᠶᠠᠯ᠎ᠠ ᠳ᠋ᠤ᠌ ᠬᠦᠷᠦᠭᠰᠡᠨ ᠪᠣᠯᠪᠠᠴᠤ ᠬᠠᠤᠯᠢ ᠶ᠋ᠢᠨ ᠲᠣᠣᠷ ᠲᠤ᠌ ᠣᠷᠣᠭ᠎ᠠ ᠦᠭᠡᠢ ᠬᠥᠮᠦᠰ ᠪᠠᠢᠳᠠᠭ᠃ ᠶᠠᠯ᠎ᠠ ᠬᠢᠪᠡᠯ ᠬᠠᠤᠯᠢ ᠶ᠋ᠢᠨ ᠲᠣᠣᠷ ᠲᠤ᠌ ᠤᠨᠠᠬᠤ᠂ ᠬᠠᠤᠯᠢᠴᠢ ᠨᠢ ᠬᠠᠤᠯᠢ ᠶ᠋ᠢᠨ ᠶᠣᠰᠣᠭᠠᠷ ᠰᠢᠢᠳᠬᠡᠪᠡᠯ ᠵᠣᠬᠢᠳᠠᠭ ᠨᠢ ᠡᠩ ᠦ᠋ᠨ ᠶᠣᠰᠣ ᠪᠣᠯᠪᠠᠴᠤ (ᠵᠠᠷᠢᠮ ᠵᠣᠬᠢᠶᠠᠯ ᠳ᠋ᠤ᠌ ᠴᠤ᠌ ᠢᠩᠭᠢᠵᠦ ᠪᠢᠴᠢᠳᠡᠭ) ᠬᠠᠰᠪᠤᠯᠠᠭ ᠤ᠋ᠨ ᠵᠣᠬᠢᠶᠠᠯ ᠳ᠋ᠤ᠌ ᠡᠢᠮᠦᠷᠬᠦᠦ ᠲᠦᠭᠡᠮᠡᠯ ᠲᠣᠮᠢᠶᠠᠯᠠᠯ ᠪᠢᠰᠢ ᠪᠠᠢᠵᠤ᠂ ᠬᠥᠮᠦᠨ ᠦ᠌ ᠠᠮᠢᠳᠤᠷᠠᠯ ᠤ᠋ᠨ ᠵᠦᠢ ᠪᠣᠯᠤᠨ ᠬᠠᠤᠯᠢ ᠶ᠋ᠢᠨ ᠬᠣᠭᠣᠷᠣᠨᠳᠣ ᠵᠥᠷᠢᠴᠡᠯ ᠵᠥᠷᠢᠶ᠎ᠡ ᠡᠭᠦᠰᠴᠦ ᠬᠥᠮᠦᠨ ᠢ᠋ ᠭᠦᠨ ᠰᠡᠳᠬᠢᠭᠦᠯᠬᠦ ᠳ᠋ᠦ᠍ ᠬᠦᠷᠦᠭᠦᠯᠳᠡᠭ ᠪᠢᠯᠡ᠃ 《ᠬᠣᠷᠢᠭᠤᠯ ᠳᠣᠲᠣᠷᠠᠬᠢ ᠬᠣᠷᠢᠭ᠎ᠠ ᠦᠭᠡᠢ ᠬᠠᠢᠷ᠎ᠠ》 ᠶ᠋ᠢᠨ ᠳᠣᠲᠣᠷᠠᠬᠢ ᠲᠡᠭᠦᠰ ᠪᠣᠯ ᠨᠢᠭᠡ ᠴᠢᠬᠤᠯᠠ ᠵᠢᠷᠤᠭ ᠲᠥᠯᠥᠪᠯᠡᠭᠡ ᠪᠡᠨ ᠭᠡᠭᠡᠭᠡᠳ ᠬᠠᠤᠯᠢ ᠳ᠋ᠤ᠌ ᠬᠠᠯᠳᠠᠵᠤ ᠬᠥᠳᠡᠯᠮᠦᠷᠢ ᠪᠡᠷ ᠥᠭᠡᠷᠡᠴᠢᠯᠡᠭᠳᠡᠵᠦ ᠪᠠᠢᠭ᠎ᠠ ᠶᠠᠯᠠᠲᠠᠨ ᠪᠢᠯᠡ᠃ ᠭᠡᠲᠡᠯ᠎ᠡ ᠲᠡᠷᠡ ᠬᠥᠳᠡᠯᠮᠦᠷᠢ ᠪᠡᠷ ᠥᠭᠡᠷᠡᠴᠢᠯᠡᠭᠳᠡᠵᠦ ᠨᠡᠭᠦᠷᠡᠰᠦ ᠰᠠᠪᠠᠯᠠᠵᠤ ᠪᠠᠢᠬᠤ ᠶ᠋ᠢᠨ ᠳᠤᠮᠳᠠ ᠪᠠᠨ ᠨᠢᠭᠡ ᠬᠡᠦᠬᠡᠨ ᠦ᠌ ᠨᠡᠭᠦᠷᠡᠰᠦ ᠰᠠᠪᠠᠯᠠᠨ ᠵᠣᠭᠣᠰ ᠣᠯᠬᠤ ᠭᠡᠵᠦ ᠳᠣᠯᠣᠭᠠᠨ ᠰᠦᠪᠡ ᠪᠡᠷ ᠢ᠋ᠶ᠋ᠡᠨ ᠬᠡᠢ ᠭᠠᠷᠲᠠᠯ᠎ᠠ ᠦᠢᠯᠡ ᠦᠵᠡᠵᠦ ᠪᠠᠢᠭ᠎ᠠ ᠶ᠋ᠢ ᠦᠵᠡᠭᠡᠳ᠂ ᠦᠷᠦ ᠡᠪᠡᠳᠬᠦ ᠵᠢᠴᠢ ᠣᠯᠠᠨ ᠬᠣᠨᠣᠭ ᠡᠮ᠎ᠡ ᠥᠬᠢᠳ ᠦ᠋ᠨ ᠪᠠᠷ᠎ᠠ ᠦᠵᠡᠭᠡ ᠦᠭᠡᠢ ᠡᠴᠡ ᠪᠣᠯᠵᠤ ᠳᠤᠷᠠᠯᠠᠵᠤ ᠲᠠᠴᠢᠶᠠᠬᠤ ᠰᠡᠳᠬᠢᠯ ᠲᠥᠷᠥᠭᠳᠡᠵᠦ ᠠᠯᠢ ᠠᠯᠢ ᠪᠠᠷ ᠲᠡᠭᠦᠨ ᠢ᠋ ᠬᠠᠪᠰᠤᠷᠳᠠᠭ ᠪᠣᠯᠪᠠ᠃ ᠲᠡᠭᠡᠵᠦ ᠪᠠᠢᠲᠠᠯ᠎ᠠ ᠡᠯᠢᠶᠡᠲᠦ ᠶ᠋ᠢᠨ ᠬᠠᠪᠴᠢᠯ ᠤ᠋ᠨ ᠬᠥᠳᠡᠯᠮᠦᠷᠢ ᠪᠡᠷ ᠥᠭᠡᠷᠡᠴᠢᠯᠡᠬᠦ ᠭᠠᠵᠠᠷ ᠤ᠋ᠨ ᠢ᠋ᠶ᠋ᠠᠨ ᠣᠢᠷ᠎ᠠ ᠣᠷᠴᠢᠨ ᠳ᠋ᠠᠭᠠᠨ ᠪᠠᠰᠠ ᠨᠢᠭᠡ ᠨᠡᠭᠦᠷᠡᠰᠦᠨ ᠠᠭᠤᠷᠬᠠᠢ ᠡᠷᠢᠵᠦ ᠣᠯᠬᠤ ᠬᠡᠷᠡᠭᠴᠡᠭᠡ ᠲᠡᠢ ᠪᠣᠯᠵᠤ᠂ ᠡᠨᠡ ᠡᠭᠦᠷᠭᠡ ᠲᠡᠭᠦᠰ ᠦ᠋ᠨ ᠮᠥᠷᠦᠨ ᠳᠡᠭᠡᠷ᠎ᠡ ᠲᠠᠯᠪᠢᠭᠳᠠᠭᠰᠠᠨ ᠪᠥᠭᠡᠳ ᠲᠡᠷᠡ ᠡᠨᠡ ᠡᠭᠦᠷᠭᠡ ᠶ᠋ᠢ ᠪᠡᠶᠡᠯᠡᠭᠦᠯᠪᠡᠯ᠂ ᠭᠢᠨᠳᠠᠨ ᠠ᠋ᠴᠠ ᠪᠠᠨ ᠤᠷᠢᠳᠴᠢᠯᠠᠨ ᠭᠠᠷᠴᠤ ᠳᠡᠢᠯᠬᠦ ᠮᠥᠷᠲᠡᠭᠡᠨ ᠭᠢᠨᠳᠠᠨ ᠠ᠋ᠴᠠ ᠭᠠᠷᠤᠭᠰᠠᠨ ᠤ᠋ ᠳᠠᠷᠠᠭ᠎ᠠ ᠳ᠋ᠤᠨᠢ ᠬᠡᠷᠡᠭᠯᠡᠵᠦ ᠬᠦᠷᠬᠦᠢᠴᠡ ᠵᠣᠭᠣᠰ ᠮᠥᠩᠭᠥ ᠲᠡᠢ ᠪᠣᠯᠬᠤ 《ᠲᠡᠭᠷᠢ ᠡᠴᠡ ᠵᠠᠶᠠᠭᠠᠭᠰᠠᠨ ᠲᠣᠬᠢᠶᠠᠯ》 ᠳ᠋ᠤ᠌ ᠤᠴᠠᠷᠠᠭᠰᠠᠨ ᠪᠠᠢᠳᠠᠭ᠃ ᠲᠡᠭᠦᠰ ᠡᠨᠡ ᠡᠭᠦᠷᠭᠡ ᠶ᠋ᠢ ᠪᠡᠶᠡᠯᠡᠭᠦᠯᠬᠦ ᠶ᠋ᠢᠨ ᠳᠤᠮᠳᠠ ᠪᠠᠨ ᠭᠡᠨᠡᠳᠲᠡᠬᠡᠨ ᠲᠡᠭᠦᠨ ᠦ᠌ ᠣᠯᠵᠤ ᠠᠪᠤᠭᠰᠠᠨ ᠣᠬᠢ ᠰᠠᠢᠨ ᠨᠡᠭᠦᠷᠡᠰᠦ ᠲᠡᠢ ᠳᠣᠪᠣ ᠨᠢ ᠨᠥᠭᠦᠭᠡ ᠬᠡᠦᠬᠡᠨ ᠦ᠌ ᠬᠤᠪᠢᠶᠠᠭᠳᠠᠭᠰᠠᠨ ᠪᠡᠯᠴᠢᠭᠡᠷ ᠲᠦ᠍ ᠪᠠᠢᠭᠰᠠᠨ ᠢ᠋ ᠮᠡᠳᠡᠭᠰᠡᠨ ᠪᠥᠭᠡᠳ ᠨᠥᠭᠦᠭᠡ ᠬᠡᠦᠬᠡᠨ ᠡᠪᠡᠳᠴᠢᠲᠡᠢ ᠡᠬᠡ ᠶ᠋ᠢᠨ ᠢ᠋ᠶ᠋ᠡᠨ ᠲᠥᠯᠥᠭᠡ ᠨᠡᠭᠦᠷᠡᠰᠦ ᠰᠠᠪᠠᠯᠠᠵᠤ ᠪᠠᠢᠳᠠᠭ ᠢ ᠮᠡᠳᠡᠭᠰᠡᠨ ᠦ ᠳᠠᠷᠠᠭ᠎ᠠ ᠲᠡᠷᠡ ᠬᠦ᠌ 《ᠲᠡᠭᠷᠢ ᠡᠴᠡ ᠵᠠᠶᠠᠭᠠᠭᠰᠠᠨ ᠲᠣᠬᠢᠶᠠᠯ》 ᠢᠶᠠᠨ ᠬᠠᠶᠠᠵᠤ ᠰᠢᠨᠵᠢᠯᠡᠵᠦ ᠮᠡᠳᠡᠭᠰᠡᠨ ᠵᠦᠢᠯ ᠢᠶᠡᠨ ᠬᠡᠦᠬᠡᠨ ᠳᠦ ᠵᠠᠳᠠᠷᠠᠭᠤᠯᠤᠭᠠᠳ ᠶᠠᠯ᠎ᠠ ᠶᠢᠨ ᠢᠶᠡᠨ ᠳᠡᠭᠡᠷ᠎ᠡ ᠡᠴᠡ ᠶᠠᠯ᠎ᠠ ᠨᠡᠮᠡᠴᠢᠭᠡᠭᠡᠳ ᠲᠠᠬᠢᠭᠠᠳ ᠬᠥᠳᠡᠯᠮᠦᠷᠢ ᠪᠡᠷ ᠥᠭᠡᠷᠡᠴᠢᠯᠡᠬᠦ ᠭᠠᠵᠠᠷ ᠣᠴᠢᠭᠰᠠᠨ ᠪᠠᠢᠳᠠᠭ᠃ ᠬᠥᠮᠦᠨ ᠳᠦᠷᠢ ᠶ᠋ᠢᠨ ᠬᠤᠪᠢ ᠳ᠋ᠤ᠌ ᠠᠪᠴᠤ ᠬᠡᠯᠡᠪᠡᠯ ᠲᠡᠭᠦᠰ ᠪᠣᠯ ᠶᠠᠯᠠᠲᠠᠨ᠂ ᠡᠮ᠎ᠡ ᠬᠡᠦᠬᠡᠨ ᠳ᠋ᠦ᠍ ᠲᠠᠴᠢᠶᠠᠭᠰᠠᠨ ᠡᠷ᠎ᠡ ᠬᠥᠮᠦᠨ᠂ ᠥᠯᠥᠰᠬᠦ ᠳ᠋ᠡᠭᠡᠨ ᠥᠭᠡᠷ᠎ᠡ ᠪᠤᠰᠤᠳ ᠢ᠋ ᠬᠠᠪᠰᠤᠷᠴᠤ ᠪᠠᠢᠭᠠᠳ ᠬᠦᠨᠡᠰᠦ ᠶ᠋ᠢ ᠨᠢ ᠬᠤᠪᠢᠶᠠᠵᠤ ᠢᠳᠡᠳᠡᠭ ᠬᠥᠭᠡᠷᠦᠬᠦᠢ ᠬᠥᠮᠦᠨ᠂ ᠶᠠᠯ᠎ᠠ ᠪᠠᠨ ᠭᠠᠪᠢᠶ᠎ᠠ ᠪᠠᠷ ᠳᠡᠢᠯᠵᠦ ᠥᠷᠥᠰᠢᠶᠡᠯ ᠦᠵᠡᠬᠦ ᠭᠡᠳᠡᠭ ᠦᠭᠡᠨᠴᠡ ᠬᠥᠮᠦᠨ᠃ ᠭᠡᠬᠦᠯᠡᠷ ᠡᠴᠦᠰ ᠰᠡᠭᠦᠯ ᠳ᠋ᠡᠭᠡᠨ ᠬᠣᠷᠢᠭᠠᠨ ᠳ᠋ᠤ᠌ ᠬᠣᠷᠢᠭᠳᠠᠬᠤ ᠦᠭᠡᠢ ᠬᠠᠢᠷ᠎ᠠ ᠪᠠᠷ ᠢ᠋ᠶ᠋ᠠᠨ ᠵᠣᠪᠠᠯᠠᠩ ᠦᠵᠡᠭᠰᠡᠨ ᠬᠥᠮᠦᠨ ᠢ᠋ ᠬᠠᠢᠷᠠᠯᠠᠳᠠᠭ᠂ ᠵᠠᠯᠠᠭᠤ ᠬᠡᠦᠬᠡᠨ ᠢ᠋ ᠬᠠᠢᠷᠠᠯᠠᠳᠠᠭ᠂ ᠡᠨᠡ ᠬᠠᠢᠷ᠎ᠠ ᠶ᠋ᠢᠨ ᠢ᠋ᠶ᠋ᠡᠨ ᠲᠥᠯᠥᠭᠡ᠂ ᠶᠠᠯ᠎ᠠ ᠶ᠋ᠢᠨ ᠢ᠋ᠶ᠋ᠡᠨ ᠳᠡᠭᠡᠷ᠎ᠡ ᠶᠠᠯ᠎ᠠ ᠨᠡᠮᠡᠳᠡᠭ ᠶᠡᠬᠡ ᠡᠷ᠎ᠡ ᠪᠣᠯᠤᠨ ᠬᠤᠪᠢᠷᠠᠵᠤ ᠵᠣᠬᠢᠶᠠᠯ ᠨᠢ ᠬᠥᠮᠦᠨ ᠦ᠌ ᠳᠦᠷᠢ ᠶ᠋ᠢᠨ ᠢ᠋ᠶ᠋ᠡᠨ ᠬᠤᠪᠢᠷᠠᠯᠲᠠ ᠪᠠᠷ ᠥᠨᠳᠥᠷ ᠲᠡᠢᠰᠢ ᠪᠡᠨ ᠬᠥᠭᠵᠢᠵᠦ᠂ ᠤᠩᠰᠢᠭᠴᠢᠳ ᠲᠤ᠌ ᠬᠡᠯᠡᠬᠦ ᠭᠡᠬᠦᠯᠡᠷ ᠶᠠᠭᠤ ᠶ᠋ᠢ ᠨᠢ ᠬᠡᠯᠡᠬᠦ ᠶᠦᠮ ᠪᠢᠯᠡ᠂ ᠬᠡᠯᠡᠬᠦ ᠦᠭᠡᠢ ᠭᠡᠬᠦᠯᠡᠷ ᠴᠠᠭᠠᠨ᠎ᠠ ᠨᠢ ᠨᠢᠭᠡ ᠶᠠᠭᠤᠮ᠎ᠠ ᠰᠢᠪᠡᠨᠡᠭᠡᠳ ᠪᠠᠢᠳᠠᠭ ᠲᠥᠷᠥᠭᠳᠡᠯ ᠢ᠋ ᠣᠯᠭᠣᠭᠰᠠᠨ ᠪᠠᠢᠳᠠᠭ᠃ ᠡᠨᠡ ᠪᠣᠯ ᠵᠣᠬᠢᠶᠠᠯᠴᠢ ᠶ᠋ᠢᠨ ᠥᠪᠡᠷᠮᠢᠴᠡ ᠬᠡᠪ ᠨᠠᠮᠪᠠ ᠶ᠋ᠢᠨ ᠨᠢᠭᠡ᠃
ᠬᠠᠰᠪᠤᠯᠠᠭ ᠵᠠᠷᠢᠮ ᠵᠣᠬᠢᠶᠠᠯ ᠢ᠋ ᠣᠬᠣᠷ ᠠᠪᠰᠠᠷᠬᠠᠨ ᠪᠢᠴᠢᠳᠡᠭ ᠪᠣᠯᠪᠠᠴᠤ ᠵᠣᠬᠢᠶᠠᠯ ᠤ᠋ᠨ ᠦᠢᠯᠡ ᠶᠠᠪᠤᠳᠠᠯ ᠨᠢ ᠬᠠᠷᠢᠨ ᠨᠠᠷᠢᠨ ᠪᠤᠳᠤᠯᠢᠶᠠᠨᠲᠠᠢ ᠪᠠᠢᠳᠠᠭ᠃ ᠲᠡᠭᠦᠨ ᠦ᠌ ᠵᠣᠬᠢᠶᠠᠯ ᠨᠢ ᠡᠭᠦᠳᠡ ᠪᠡᠷ ᠨᠢ ᠣᠷᠣᠮᠠᠭᠴᠠ ᠮᠤᠬᠤᠷ ᠨᠢ ᠦᠵᠡᠭᠳᠡᠴᠢᠬᠡᠳᠡᠭ ᠪᠢᠰᠢ᠂ ᠬᠠᠷᠢᠨ ᠲᠥᠭᠡᠷᠢᠯ ᠣᠷᠳᠣᠨ ᠰᠢᠭ᠋ ᠥᠷᠥᠭᠡ ᠰᠤᠮᠤ ᠳᠠᠯᠳᠠ ᠢᠯᠡ ᠪᠡᠷ ᠳᠦᠭᠦᠷᠴᠦ᠂ ᠵᠣᠬᠢᠶᠠᠯ ᠢ᠋ ᠨᠢ ᠦᠵᠡᠵᠦ ᠪᠠᠷᠠᠭᠰᠠᠨ ᠤ᠋ ᠳᠠᠷᠠᠭ᠎ᠠ ᠰᠠᠢ ᠤᠴᠢᠷ ᠤᠬᠠᠭᠠᠨ ᠢ᠋ ᠨᠢ ᠣᠯᠵᠤ ᠳᠡᠢᠯᠳᠡᠭ ᠶᠦᠮ᠃ 《ᠠᠭᠠᠯᠵᠢᠨ ᠲᠣᠣᠷ ᠳᠣᠲᠣᠷᠠᠬᠢ ᠠᠮᠢ ᠨᠠᠰᠤ》 (ᠡᠨᠡ ᠲᠡᠭᠦᠪᠦᠷᠢ ᠳ᠋ᠦ᠍) 《ᠡᠴᠦᠰ ᠦ᠋ᠨ ᠮᠢᠨᠦ᠋ᠲ》 ᠭᠡᠬᠦ ᠭᠠᠷᠴᠠᠭ ᠢ᠋ᠶ᠋ᠠᠷ ᠲᠡᠭᠦᠪᠦᠷᠢᠯᠡᠭᠳᠡᠪᠡ) ᠭᠡᠬᠦ ᠲᠣᠭᠣᠵᠢ ᠨᠢ ᠡᠨᠡ ᠲᠠᠯ᠎ᠠ ᠶ᠋ᠢᠨ ᠣᠨᠴᠠᠯᠢᠭ ᠢ᠋ ᠶᠡᠬᠡ ᠬᠠᠳᠠᠭᠠᠯᠠᠭᠰᠠᠨ ᠬᠠᠷᠠᠭᠳᠠᠨ᠎ᠠ᠃ ᠲᠤᠰ ᠵᠣᠬᠢᠶᠠᠯ ᠡᠬᠢᠯᠡᠬᠦ ᠳ᠋ᠦ᠍ ᠲᠦᠮᠡᠨᠨᠠᠰᠤᠲᠤ ᠬᠣᠲᠠ ᠶ᠋ᠢᠨ ᠠᠷᠠᠳ ᠤ᠋ᠨ ᠰᠢᠭᠦᠬᠦ ᠬᠣᠷᠢᠶ᠎ᠠ ᠨᠢ ᠡᠬᠡᠨᠡᠷ ᠢ᠋ᠶ᠋ᠡᠨ ᠬᠣᠣᠷᠲᠤ ᠡᠮ ᠢ᠋ᠶ᠋ᠡᠷ ᠬᠣᠣᠷᠳᠠᠭᠤᠯᠤᠨ ᠠᠯᠠᠭᠰᠠᠨ ᠪᠣᠯᠣᠷᠴᠠᠭᠠᠨ ᠢ᠋ ᠴᠠᠭᠠᠵᠠ ᠶ᠋ᠢᠨ ᠲᠠᠯᠠᠪᠠᠢ ᠤᠷᠤᠭᠤ ᠠᠯᠠᠬᠤ ᠪᠠᠷ ᠠᠪᠠᠴᠢᠵᠤ ᠪᠠᠢᠭ᠎ᠠ ᠶ᠋ᠢ ᠪᠢᠴᠢᠭᠰᠡᠨ ᠪᠥᠭᠡᠳ ᠪᠤᠯᠤᠷᠴᠠᠭᠠᠨ ᠤ᠋ ᠡᠬᠡᠨᠡᠷ ᠲᠡᠢ ᠪᠡᠨ ᠡᠶ᠎ᠡ ᠡᠪᠳᠡᠷᠡᠵᠦ ᠥᠪᠡᠷ ᠦ᠋ᠨ ᠡᠮᠴᠢ ᠶ᠋ᠢᠨ ᠮᠡᠷᠭᠡᠵᠢᠯ ᠢ᠋ᠶ᠋ᠡᠷ ᠢ᠋ᠶ᠋ᠡᠨ ᠬᠣᠶᠠᠷ ᠵᠦᠢᠯ ᠦ᠋ᠨ ᠤᠷᠪᠠᠯ ᠡᠭᠦᠰᠬᠦ ᠡᠮ ᠢ᠋ ᠨᠡᠢᠯᠡᠭᠦᠯᠦᠨ ᠵᠠᠷᠤᠵᠤ ᠬᠣᠣᠷᠯᠠᠭᠰᠠᠨ ᠤᠴᠢᠷ ᠢ᠋ ᠳᠥᠭᠥᠮ ᠲᠤᠰᠢᠶᠠᠭᠰᠠᠨ ᠪᠠᠢᠳᠠᠭ᠃ ᠠᠪᠤᠨ ᠦᠵᠡᠬᠦ ᠳ᠋ᠦ᠍ ᠡᠨᠡ ᠬᠡᠷᠡᠭ ᠲᠤᠩ ᠳᠥᠬᠥᠮᠬᠡᠨ ᠮᠥᠷᠲᠡᠭᠡᠨ ᠲᠦᠪᠰᠢᠨ ᠳᠠᠷᠤᠭ᠎ᠠ ᠶ᠋ᠢᠨ ᠭᠠᠷ ᠳᠠᠬᠢ ᠲᠤᠭ ᠲᠣᠬᠢᠰᠬᠢᠬᠤ ᠲᠠᠢ ᠯᠠ ᠵᠡᠷᠭᠡ ᠫᠤᠤ ᠳᠤᠤᠭᠠᠷᠴᠤ ᠶᠠᠯᠠᠲᠠᠨ ᠬᠠᠷ᠎ᠠ ᠨᠦᠬᠡᠨ ᠳ᠋ᠡᠭᠡᠨ ᠤᠨᠠᠪᠠᠯ ᠪᠦᠬᠦ ᠵᠣᠬᠢᠶᠠᠯ ᠣᠷᠭᠢᠯ ᠳ᠋ᠠᠭᠠᠨ ᠲᠤᠯᠤᠮᠠᠷ ᠪᠠᠢᠲᠠᠯ᠎ᠠ ᠶᠠᠯᠠᠲᠠᠨ ᠪᠣᠯᠤᠷᠴᠠᠭᠠᠨ ᠡᠴᠦᠰ ᠦ᠋ᠨ ᠮᠢᠨᠦ᠋ᠲ ᠲᠦ᠍ ᠭᠡᠨᠡᠳᠲᠡ ᠬᠢᠯᠢᠰ ᠬᠠᠰᠬᠢᠷᠤᠨ ᠮᠠᠨᠠᠷᠠᠨ ᠤᠨᠠᠭᠠᠳ ᠵᠣᠬᠢᠶᠠᠯ ᠲᠡᠭᠦᠰᠦᠭᠰᠡᠨ ᠪᠢᠰᠢ ᠬᠠᠷᠢᠨ ᠡᠬᠢᠯᠡᠳᠡᠭ ᠪᠢᠯᠡ᠃ ᠡᠨᠡ ᠨᠢᠭᠡ 《ᠬᠠᠰᠬᠢᠷᠤᠯ》 ᠶᠡᠬᠡ ᠠᠷᠪᠢᠨ ᠬᠥᠮᠦᠨ᠂ ᠦᠢᠯᠡ ᠶᠠᠪᠤᠳᠠᠯ ᠢ᠋ 《ᠬᠠᠰᠬᠢᠷᠤᠨ》 ᠭᠠᠷᠭᠠᠵᠤ᠂ ᠭᠠᠭᠴᠠᠬᠠᠨ ᠬᠠᠤᠯᠢᠴᠢ ᠲᠦᠪᠰᠢᠨ᠂ ᠠᠯᠠᠬᠤ ᠶᠠᠯᠠᠲᠠᠨ ᠪᠣᠯᠤᠷᠴᠠᠭᠠᠨ ᠪᠢᠰᠢ᠂ ᠬᠠᠷᠢᠨ ᠲᠡᠭᠦᠨ ᠦ᠌ ᠠᠷᠤ ᠠ᠋ᠴᠠ ᠡᠦ ᠹᠧᠩ ᠮᠧᠢ᠂ ᠠᠯᠠᠭᠳᠠᠭᠰᠠᠨ ᠬᠥᠮᠦᠨ ᠦᠵᠡᠰᠬᠦᠯᠡᠩ ᠵᠢᠴᠢ ᠸᠠᠩ ᠯᠠᠨ ᠬᠤᠸᠠ᠁ ᠭᠡᠬᠦ ᠮᠡᠲᠦ ᠶ᠋ᠢᠨ ᠬᠥᠮᠦᠰ ᠵᠣᠬᠢᠶᠠᠯ ᠤ᠋ᠨ ᠦᠢᠯᠡ ᠬᠡᠷᠡᠭ ᠲᠦ᠍ ᠬᠣᠯᠪᠣᠨᠲᠠᠬᠤ ᠪᠠᠷ ᠪᠠᠷᠠᠬᠤ ᠦᠭᠡᠢ᠂ ᠬᠥᠮᠦᠨ ᠬᠥᠮᠦᠨ ᠦ᠌ ᠬᠣᠭᠣᠷᠣᠨᠳᠣᠬᠢ ᠨᠠᠷᠢᠨ ᠪᠤᠳᠤᠯᠢᠶᠠᠨᠲᠤ ᠬᠠᠷᠢᠴᠠᠭ᠎ᠠ᠂ ᠵᠥᠷᠢᠴᠡᠯ ᠮᠥᠷᠭᠥᠯᠳᠦᠭᠡᠨ ᠢ᠋ᠶ᠋ᠡᠷ ᠳᠦᠭᠦᠷᠵᠦ᠂ ᠶᠠᠭ ᠦᠨᠡᠨ ᠠᠭᠠᠯᠵᠢᠨ ᠲᠣᠣᠷ ᠰᠢᠭ᠋ ᠢ᠋ᠶ᠋ᠡᠨ ᠰᠦᠯᠵᠢᠯᠳᠦᠨ ᠬᠡᠯᠬᠢᠶᠡᠷᠡᠵᠦ ᠬᠥᠮᠦᠰ ᠤᠬᠠᠭᠠᠨ ᠲᠥᠬᠥᠭᠡ ᠶ᠋ᠢ ᠨᠢ ᠣᠯᠬᠤ ᠦᠭᠡᠢ ᠲᠥᠭᠡᠷᠢᠭᠳᠡᠨ᠂ ᠤᠬᠠᠭᠠᠨ ᠲᠥᠬᠥᠭᠡ ᠶ᠋ᠢ ᠨᠢ ᠣᠯᠬᠤ ᠶ᠋ᠢᠨ ᠲᠥᠯᠥᠭᠡ ᠵᠣᠬᠢᠶᠠᠯ ᠳ᠋ᠤ᠌ ᠬᠥᠲᠥᠯᠦᠭᠳᠡᠨ ᠴᠠᠭᠠᠰᠢ ᠨᠢ ᠪᠠᠷᠠᠲᠠᠯ᠎ᠠ ᠤᠩᠰᠢᠬᠤ ᠬᠡᠮᠵᠢᠶᠡᠨ ᠳ᠋ᠦ᠍ ᠬᠦᠷᠭᠡᠭᠰᠡᠨ ᠪᠠᠢᠳᠠᠭ᠃ ᠨᠡᠩ ᠢᠯᠠᠩᠭᠤᠶ᠎ᠠ ᠡᠨᠡ ᠡᠷᠡᠭᠦᠦ ᠶ᠋ᠢᠨ ᠬᠡᠷᠡᠭ ᠨᠢ ᠳᠠᠩ ᠴᠤᠯᠭᠤᠢ ᠡᠷ᠎ᠡ ᠡᠮ᠎ᠡ ᠶ᠋ᠢᠨ ᠡᠪ ᠨᠠᠢᠷ ᠡᠪᠳᠡᠷᠡᠵᠦ ᠬᠥᠮᠦᠨ ᠠᠯᠠᠭᠰᠠᠨ ᠬᠡᠷᠡᠭ ᠪᠢᠰᠢ᠂ ᠬᠠᠷᠢᠨ ᠡᠨᠡ ᠬᠡᠷᠡᠭ ᠦ᠋ᠨ ᠴᠠᠭᠠᠨ᠎ᠠ ᠭᠤᠸᠠᠨ ᠢᠦᠢ ᠱᠠᠨ (ᠡᠨᠡ ᠬᠥᠮᠦᠨ ᠵᠣᠬᠢᠶᠠᠯ ᠤ᠋ᠨ ᠡᠬᠢᠨ ᠳ᠋ᠦ᠍ ᠶᠡᠷᠦ ᠭᠠᠷᠳᠠᠭ ᠦᠭᠡᠢ) ᠭᠡᠬᠦ ᠲᠣᠮᠣ ᠹᠧᠣᠳᠠᠯ᠂ ᠲᠣᠮᠣ ᠢᠯᠵᠠᠷᠠᠮᠠᠯ ᠡᠲᠡᠭᠡᠳ᠂ ᠡᠷᠬᠡ ᠪᠡᠨ ᠠᠰᠢᠭᠯᠠᠵᠤ ᠬᠡᠷᠡᠭ ᠦᠢᠯᠡᠳᠦᠭᠴᠢ᠂ ᠲᠣᠮᠣ ᠯᠤᠢᠪᠠᠷᠴᠢᠨ ᠥᠪᠡᠷ ᠦ᠋ᠨ ᠢ᠋ᠶ᠋ᠡᠨ ᠡᠷᠬᠡ ᠪᠡᠨ ᠠᠰᠢᠭᠯᠠᠵᠤ ᠮᠡᠬᠡᠯᠡᠨ ᠮᠥᠯᠵᠢᠵᠦ᠂ ᠡᠮᠡᠰ ᠬᠡᠦᠬᠡᠳ ᠢ᠋ ᠮᠡᠬᠡᠯᠡᠨ ᠨᠠᠭᠠᠳᠴᠤ᠂ ᠡᠴᠦᠰ ᠰᠡᠭᠦᠯ ᠳ᠋ᠡᠭᠡᠨ ᠥᠪᠡᠷ ᠦ᠋ᠨ ᠦᠨᠳᠦᠰᠦ ᠪᠡᠨ ᠵᠠᠯᠭᠠᠮᠵᠢᠯᠠᠬᠤ ᠶ᠋ᠢᠨ ᠲᠤᠰᠠᠳᠠ ᠥᠭᠡᠷ᠎ᠡ ᠬᠥᠮᠦᠨ ᠦ᠌ ᠭᠡᠳᠡᠰᠦ ᠶ᠋ᠢ ᠵᠢᠭᠡᠯᠡᠵᠦ ᠬᠡᠦᠬᠡᠳ ᠠᠪᠬᠤ ᠶ᠋ᠢᠨ ᠲᠥᠯᠥᠭᠡ ᠡᠮᠦᠨ᠎ᠡ ᠬᠣᠢᠨ᠎ᠠ ᠭᠤᠷᠪᠠᠨ ᠬᠥᠮᠦᠨ ᠦ᠌ ᠠᠮᠢᠨ ᠳ᠋ᠤ᠌ ᠬᠦᠷᠦᠭᠰᠡᠨ ᠶᠠᠯᠠᠲᠤ ᠠᠵᠢᠯᠯᠠᠭ᠎ᠠ ᠶ᠋ᠢ ᠢᠯᠡᠴᠢᠯᠡᠭᠰᠡᠨ ᠪᠥᠭᠡᠳ ᠡᠮᠴᠢ ᠶ᠋ᠢᠨ ᠮᠡᠷᠭᠡᠵᠢᠯ ᠥᠨᠳᠥᠷ ᠪᠣᠯᠪᠠᠴᠤ ᠬᠠᠤᠯᠢ ᠶ᠋ᠢᠨ ᠪᠠᠯᠠᠢ ᠪᠣᠯᠤᠷᠴᠠᠭᠠᠨ᠂ ᠬᠡᠦᠬᠡᠨ ᠪᠡᠶ᠎ᠡ ᠪᠡᠨ ᠬᠥᠮᠦᠨ ᠢ᠋ᠶ᠋ᠡᠷ ᠪᠤᠵᠠᠷᠯᠠᠭᠤᠯᠵᠤ᠂ ᠬᠥᠮᠦᠨ ᠦ᠌ ᠦᠷ᠎ᠡ ᠶ᠋ᠢ ᠭᠡᠳᠡᠰᠦᠨ ᠳ᠋ᠡᠭᠡᠨ ᠳᠡᠭᠡᠬᠡᠨ ᠦᠷ᠎ᠡ ᠬᠡᠦᠬᠡᠳ ᠲᠡᠢ ᠪᠣᠯᠤᠭᠰᠠᠨ ᠪᠣᠯᠪᠠᠴᠤ ᠡᠭᠦᠨ ᠢ᠋ᠶ᠋ᠡᠨ ᠬᠡᠯᠡᠵᠦ ᠪᠠᠰᠠ ᠴᠢᠳᠠᠳᠠᠭ ᠦᠭᠡᠢ᠂ ᠬᠡᠦᠬᠡᠳ ᠢ᠋ᠶ᠋ᠡᠨ ᠭᠠᠷᠤᠭᠰᠠᠨ ᠴᠠᠭ ᠠ᠋ᠴᠠ ᠪᠠᠨ ᠬᠣᠢᠰᠢ ᠦᠵᠡᠵᠦ ᠳᠡᠢᠯᠦᠭᠡ ᠦᠭᠡᠢ ᠦᠭᠡᠨᠴᠡ ᠨᠣᠮᠣᠢ ᠡᠦ ᠹᠧᠩ ᠮᠧᠢ ᠳ᠋ᠦ᠍ ᠬᠢᠯᠢᠰ ᠢ᠋ ᠨᠢ ᠴᠠᠭᠠᠳᠬᠠᠵᠤ ᠥᠭᠭᠦᠭᠰᠡᠨ ᠪᠠᠢᠳᠠᠭ᠃ 《ᠣᠩᠭᠣᠨ ᠬᠠᠢᠯᠠᠰᠤᠨ ᠤ᠋ ᠦᠢᠮᠡᠭᠡᠨ》᠂ 《ᠴᠢᠰᠤ ᠦᠭᠡᠢ ᠰᠣᠷᠪᠢ》 (ᠪᠦᠷ ᠨᠥᠭᠦᠭᠡ ᠲᠡᠭᠦᠪᠦᠷᠢ ᠳ᠋ᠦ᠍) ᠭᠡᠬᠦ ᠲᠤᠭᠤᠵᠢ ᠨᠤᠭᠤᠳ ᠴᠤ᠌ ᠡᠭᠦᠨ ᠳᠦ ᠵᠢᠱ᠌ᠢᠶᠡᠯᠡᠭᠳᠡᠨᠡ᠃ ᠡᠨᠡ ᠪᠣᠯ ᠵᠣᠬᠢᠶᠠᠯᠴᠢ ᠶ᠋ᠢᠨ ᠬᠡᠪ ᠨᠠᠮᠪᠠ ᠶ᠋ᠢᠨ ᠬᠣᠶᠠᠷ᠃
ᠬᠠᠰᠪᠤᠯᠠᠭ ᠮᠠᠨᠢ ᠬᠠᠷ᠎ᠠ ᠪᠠᠭ᠎ᠠ ᠠ᠋ᠴᠠ ᠪᠠᠨ ᠠᠮᠢᠳᠤᠷᠠᠯ ᠤ᠋ᠨ ᠦᠢᠯᠡ ᠬᠠᠯᠠ ᠶ᠋ᠢ ᠦᠵᠡᠵᠦ ᠶᠠᠪᠤᠭᠰᠠᠨ ᠪᠠ ᠰᠡᠭᠦᠯ ᠦ᠋ᠨ ᠦᠶ᠎ᠡ ᠳ᠋ᠦ᠍ ᠬᠠᠤᠯᠢ ᠶ᠋ᠢᠨ ᠠᠵᠢᠯ ᠢ᠋ ᠣᠯᠠᠨ ᠵᠢᠯ ᠬᠢᠵᠦ ᠠᠯᠪᠠᠨ ᠨᠣᠶᠠᠨ ᠠ᠋ᠴᠠ ᠡᠬᠢᠯᠡᠭᠡᠳ᠂ ᠠᠷᠠᠳ ᠢᠷᠭᠡᠳ᠂ ᠰᠢᠷᠡᠭᠡᠨ ᠯᠠᠮᠠ ᠠ᠋ᠴᠠ ᠡᠬᠢᠯᠡᠭᠡᠳ ᠰᠢᠷᠳᠡᠭ ᠦ᠋ᠨ ᠪᠠᠨᠳᠢ ᠬᠦᠷᠲᠡᠯ᠎ᠡ ᠬᠠᠷᠢᠯᠴᠠᠵᠤ ᠤᠷᠤᠯᠳᠤᠵᠤ ᠪᠠᠢᠭᠰᠠᠨ ᠪᠣᠯᠬᠣᠷ ᠠᠮᠢᠳᠤᠷᠠᠯ ᠢ᠋ᠶ᠋ᠠᠷ ᠡᠯᠪᠡᠭ ᠵᠤᠵᠠᠭᠠᠨ ᠵᠣᠬᠢᠶᠠᠯᠴᠢ ᠪᠢᠯᠡ᠃ ᠡᠨᠡ ᠣᠨᠴᠠᠯᠢᠭ ᠨᠢ ᠲᠡᠭᠦᠨ ᠦ᠌ ᠣᠯᠠᠨ ᠵᠣᠬᠢᠶᠠᠯ ᠳ᠋ᠤ᠌ ᠲᠣᠳᠣᠷᠠᠨ ᠬᠠᠷᠠᠭᠳᠠᠳᠠᠭ ᠪᠥᠭᠡᠳ ᠨᠡᠩ ᠢᠯᠠᠩᠭᠤᠶ᠎ᠠ ᠲᠡᠭᠦᠨ ᠦ᠌ ᠲᠣᠮᠣᠬᠠᠨ ᠪᠦᠲᠦᠭᠡᠯ ᠪᠣᠯᠬᠤ 《ᠬᠥᠬᠡᠮᠳᠦᠭ ᠬᠤᠷᠠᠬᠤ》 (ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ ᠬᠡᠪᠯᠡᠭᠦᠯᠪᠡ) ᠭᠡᠬᠦ ᠷᠣᠮᠠᠨ ᠳ᠋ᠤ᠌ ᠨᠡᠩ ᠲᠣᠳᠣᠷᠬᠠᠢ ᠮᠡᠳᠡᠭᠳᠡᠳᠡᠭ ᠪᠢᠯᠡ᠃ ᠲᠤᠰ ᠷᠣᠮᠠᠨ ᠣᠯᠠᠨ ᠵᠢᠯ ᠦ᠋ᠨ ᠤᠴᠢᠷ᠂ ᠣᠯᠠᠨ ᠬᠥᠮᠦᠨ ᠦ᠌ ᠦᠢᠯᠡ ᠶᠠᠪᠤᠳᠠᠯ ᠢ᠋ ᠪᠢᠴᠢᠳᠡᠭ ᠪᠣᠯᠪᠠᠴᠤ ᠵᠣᠬᠢᠶᠠᠯ ᠤ᠋ᠨ ᠪᠠᠭᠠᠲᠤᠷ ᠨᠢ ᠲᠤᠰ ᠲᠤᠰ ᠲᠠᠭᠠᠨ ᠥᠪᠡᠷᠮᠢᠴᠡ ᠣᠨᠴᠠᠯᠢᠭ ᠲᠠᠢ᠂ ᠦᠭᠡ ᠬᠡᠯᠡ ᠲᠡᠢ᠂ ᠠᠭᠠᠰᠢ ᠠᠷᠠᠨᠰᠢᠨ ᠲᠠᠢ ᠪᠠᠢᠳᠠᠭ ᠢ᠋ᠶ᠋ᠠᠷ ᠪᠠᠷᠠᠬᠤ ᠦᠭᠡᠢ᠂ ᠡᠮᠦᠰᠦᠭᠰᠡᠨ ᠵᠡᠭᠦᠭᠰᠡᠨ᠂ ᠡᠳ᠋ᠯᠡᠭᠰᠡᠨ ᠬᠡᠷᠡᠭᠯᠡᠭᠰᠡᠨ᠂ ᠤᠨᠤᠭᠰᠠᠨ ᠬᠥᠲᠥᠯᠦᠭᠰᠡᠨ ᠨᠢ ᠬᠦᠷᠲᠡᠯ᠎ᠡ ᠣᠭᠲᠣ ᠳᠠᠪᠬᠤᠷᠯᠠᠳᠠᠭ ᠦᠭᠡᠢ ᠮᠥᠷᠲᠡᠭᠡᠨ ᠦᠢᠯᠡ ᠶᠠᠪᠤᠳᠠᠯ ᠨᠢ ᠬᠦᠷᠲᠡᠯ᠎ᠡ ᠠᠰ ᠠᠰ ᠲᠠᠭᠠᠨ ᠪᠠᠢᠳᠠᠭ᠃ ᠨᠡᠩ ᠦᠨᠡᠯᠡᠭᠦᠰᠢᠲᠡᠢ ᠨᠢ ᠲᠤᠰ ᠷᠣᠮᠠᠨ ᠳ᠋ᠤ᠌ ᠬᠦᠴᠦ ᠪᠡᠷ ᠰᠢᠬᠠᠵᠤ ᠣᠷᠣᠭᠤᠯᠤᠭᠰᠠᠨ ᠦᠢᠯᠡ ᠶᠠᠪᠤᠳᠠᠯ ᠥᠴᠥᠬᠡᠨ ᠴᠤ᠌ ᠮᠡᠳᠡᠭᠳᠡᠳᠡᠭ ᠦᠭᠡᠢ ᠪᠥᠭᠡᠳ ᠬᠠᠷᠢᠨ ᠠᠯᠢᠪᠠ ᠬᠡᠷᠡᠭ ᠨᠢ ᠪᠦᠷ ᠠᠶᠠᠨᠳᠠᠭᠠᠨ ᠪᠣᠯᠤᠭᠰᠠᠨ ᠪᠤᠶᠤ ᠬᠡᠷᠡᠭ ᠦᠭᠡᠢ ᠵᠦᠢᠯ ᠳ᠋ᠦ᠍ ᠠᠯᠢ ᠪᠣᠯᠬᠤ ᠪᠠᠷ ᠪᠢᠷ ᠪᠡᠬᠡ ᠪᠡᠨ ᠬᠠᠷᠠᠮᠨᠠᠭᠰᠠᠨ ᠪᠠᠢᠳᠠᠯ ᠲᠣᠳᠣᠷᠬᠠᠢ ᠬᠠᠷᠠᠭᠳᠠᠵᠤ ᠪᠠᠢᠳᠠᠭ᠃ ᠡᠨᠡ ᠨᠢ ᠲᠡᠭᠦᠨ ᠦ᠌ ᠠᠮᠢᠳᠤᠷᠠᠯ ᠡᠯᠪᠡᠭ ᠢ᠋ ᠬᠠᠷᠠᠭᠤᠯᠵᠤ᠂ ᠤᠩᠰᠢᠭᠴᠢᠳ ᠲᠤ᠌ ᠦᠨᠡᠨᠴᠢ ᠪᠠᠢᠬᠤ ᠶ᠋ᠢᠨ ᠢᠯᠡᠷᠡᠯ ᠪᠠᠢᠵᠠᠢ᠃ ᠪᠢ ᠨᠢᠭᠡ ᠤᠳᠠᠭ᠎ᠠ ᠵᠣᠬᠢᠶᠠᠯᠴᠢ ᠲᠠᠢ ᠨᠢ ᠲᠡᠭᠦᠨ ᠦ᠌ 《ᠬᠥᠬᠡᠮᠳᠦᠭ ᠬᠤᠷᠠᠬᠤ》 ᠶ᠋ᠢᠨ ᠲᠤᠬᠠᠢ ᠬᠡᠯᠡᠯᠴᠡᠵᠦ ᠪᠠᠢᠭᠠᠳ᠂ ᠢᠰᠢ᠂ ᠴᠢ ᠵᠠᠷᠢᠮ ᠶᠠᠭᠤᠮ᠎ᠠ ᠶ᠋ᠢ ᠬᠡᠳᠦᠬᠡᠨ ᠦᠭᠡ ᠪᠡᠷ ᠲᠤᠰᠢᠶᠠᠭᠠᠳ ᠵᠣᠭᠰᠣᠴᠢᠬᠠᠯ᠎ᠠ᠃ ᠲᠡᠭᠦᠨ ᠢ᠋ ᠴᠠᠭᠠᠰᠢ ᠨᠢ ᠳᠡᠯᠭᠡᠷᠡᠭᠦᠯᠦᠭᠰᠡᠨ ᠪᠣᠯ ᠪᠠᠰᠠ ᠴᠤ᠌ ᠰᠠᠢᠬᠠᠨ ᠶᠠᠭᠤᠮ᠎ᠠ ᠭᠠᠷᠴᠤ ᠢᠷᠡᠬᠦ ᠪᠠᠢᠭᠰᠠᠨ᠃ ᠴᠢᠨᠦ ᠡᠨᠡ 《ᠬᠥᠬᠡᠮᠳᠦᠭ ᠬᠤᠷᠠᠬᠤ》 ᠴᠤ᠌ ᠪᠣᠯ ᠭᠤᠯᠢᠷ ᠨᠢ ᠨᠢᠮᠭᠡᠨ ᠮᠢᠬ᠎ᠠ ᠴᠠᠳᠬᠤᠯᠠᠩ ᠪᠤᠤᠰᠠ ᠪᠣᠯᠤᠭᠰᠠᠨ ᠶᠤᠮ ᠭᠡᠪᠡᠯ ᠬᠠᠰᠪᠤᠯᠠᠭ ᠮᠠᠨᠢ ᠲᠡᠢᠮᠦ ᠪᠤᠤᠰᠠ ᠠᠮᠲᠠᠲᠠᠢ ᠪᠠᠢᠳᠠᠭ ᠪᠢᠰᠢ ᠤᠤ? ᠭᠡᠰᠡᠨ ᠪᠢᠯᠡ᠃ ᠦᠨᠡᠨ ᠳ᠋ᠡᠭᠡᠨ ᠡᠨᠡ ᠪᠣᠯ ᠲᠡᠭᠦᠨ ᠦ᠌ ᠥᠪᠡᠷᠮᠢᠴᠡ ᠬᠡᠪ ᠨᠠᠮᠪᠠ ᠶ᠋ᠢᠨ ᠭᠤᠷᠪᠠᠳᠤᠭᠠᠷ ᠪᠤᠶᠤ᠃
ᠵᠣᠬᠢᠶᠠᠯᠴᠢ ᠬᠠᠰᠪᠤᠯᠠᠭ ᠭᠤᠸᠠᠢ ᠮᠠᠨᠢ ᠡᠨᠡ ᠣᠯᠠᠨ ᠵᠣᠬᠢᠶᠠᠯ ᠢ᠋ᠶ᠋ᠠᠨ ᠲᠡᠭᠦᠪᠦᠷᠢᠯᠡᠵᠦ ᠬᠡᠪᠯᠡᠭᠦᠯᠵᠦ ᠪᠠᠢᠬᠤ ᠶᠡᠬᠡ ᠶᠠᠭᠠᠷᠠᠭᠠᠨ ᠤ᠋ ᠪᠠᠨ ᠳᠤᠮᠳᠠ ᠪᠠᠰᠠ ᠨᠢᠭᠡ ᠷᠣᠮᠠᠨ ᠲᠤᠭᠤᠷᠪᠢᠨ ᠪᠢᠴᠢᠭᠡᠳ ᠪᠠᠷᠤᠭ ᠭᠠᠷ ᠠ᠋ᠴᠠ ᠰᠠᠯᠤᠮᠠᠷ ᠪᠠᠢᠭ᠎ᠠ ᠶ᠋ᠢ ᠪᠢ ᠰᠤᠷᠪᠤᠯᠵᠢᠯᠠᠨ ᠮᠡᠳᠡᠭᠰᠡᠨ ᠪᠥᠭᠡᠳ ᠡᠨᠡ ᠷᠣᠮᠠᠨ ᠡᠷᠲᠡᠬᠡᠨ ᠭᠠᠷᠴᠤ ᠢᠷᠡᠨ᠂ ᠨᠠᠮᠠᠶ᠋ᠢ ᠪᠠᠭᠲᠠᠭᠠᠭᠰᠠᠨ ᠣᠯᠠᠨ ᠤᠩᠰᠢᠭᠴᠢᠳ ᠲᠤ᠌ ᠬᠦᠷᠲᠡᠭᠡᠯ ᠪᠣᠯᠬᠤ ᠶ᠋ᠢ ᠪᠡᠯᠭᠡᠳᠡᠨ ᠪᠢᠷ ᠢ᠋ᠶ᠋ᠡᠨ ᠴᠢᠯᠡᠭᠡᠵᠦ ᠪᠠᠢᠨ᠎ᠠ᠃ ᠮᠠᠨ ᠤ᠋ ᠦᠢᠯᠡᠰ ᠭᠢᠯᠠᠯᠵᠠᠬᠤ ᠪᠣᠯᠲᠤᠭᠠᠢ!
ᠣᠩᠰᠢᠭᠰᠠᠨ ᠨᠢ᠄ ᠴᠡᠴᠡᠭᠮ᠎ᠡ
