ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠨᠠᠢ᠍ᠮᠠ> Хялгасан дөрөөн дээр – Хасвулаг зохиов <38> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠨᠠᠢ᠍ᠮᠠ> Хялгасан дөрөөн дээр – Хасвулаг зохиов <38>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠨᠠᠢ᠍ᠮᠠ> Хялгасан дөрөөн дээр – Хасвулаг зохиов <38>

ᠠᠩᠭᠢᠯᠠᠯ:ᠲᠤᠭᠤᠵᠢ ᠷᠣᠮᠠᠨ
2026-03-20

69

ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠨᠠᠢ᠍ᠮᠠ>


               ᠭᠤᠴᠢᠨ ᠨᠠᠢ᠍ᠮᠠ 

       — ᠦᠵᠡᠰᠬᠦᠯᠡᠩ ᠴᠣᠬᠣᠮ ᠲᠡᠷᠡ ᠬᠦ᠌《ᠨᠣᠶᠠᠨ》 ᠤ᠋ ᠶᠠᠮᠠᠷ ᠨᠢᠭᠤᠴᠠ ᠠᠮᠢᠨ ᠭᠠᠵᠠᠷ ᠢ᠋ ᠨᠢ ᠪᠠᠷᠢᠵᠤ ᠵᠢᠭᠤᠷᠠᠭᠠᠳ ᠲᠠᠯᠪᠢᠬᠤ ᠦᠭᠡᠢ ᠪᠠᠢᠭᠰᠠᠨ ᠪᠣᠯ? ᠭᠡᠵᠦ ᠬᠥᠬᠡᠲᠤᠯᠢ᠂ ᠲᠦᠪᠰᠢᠨ ᠢ᠋ ᠪᠤᠴᠠᠵᠤ ᠢᠷᠡᠬᠦ ᠲᠡᠢ ᠵᠡᠷᠭᠡ ᠢᠩᠭᠢᠵᠦ ᠠᠰᠠᠭᠤᠪᠠ᠃ 
       — ᠡᠢᠮᠦ ᠣᠷᠣᠢ ᠪᠣᠯᠤᠭᠰᠠᠨ ᠪᠠᠢᠬᠤ ᠳ᠋ᠤ᠌ ᠪᠠᠰᠠ ᠤᠨᠲᠠᠬᠤ ᠦᠭᠡᠢ ᠬᠦᠯᠢᠶᠡᠭᠰᠡᠭᠡᠷ ᠤᠤ?  ᠭᠡᠵᠦ ᠲᠦᠪᠰᠢᠨ ᠭᠤᠸᠠᠢ ᠬᠠᠯᠠᠮᠵᠢᠯᠠᠨ ᠠᠰᠠᠭᠤᠪᠠ᠃ 
       — ᠪᠢ ᠬᠡᠷᠪᠡ ᠡᠳᠡᠭᠡᠷ ᠢ᠋ ᠰᠣᠨᠣᠰᠬᠤ ᠦᠭᠡᠢ ᠪᠣᠯ ᠡᠨᠡ ᠰᠥᠨᠢ ᠤᠨᠲᠠᠭᠰᠠᠨ ᠴᠤ᠌ ᠨᠣᠢᠷ ᠢᠷᠡᠬᠦ ᠦᠭᠡᠢ ᠶᠦᠮ᠃ ᠲᠦᠪᠰᠢᠨ ᠪᠠᠭᠤᠤ ᠴᠠᠭ ᠢ᠋ᠶ᠋ᠠᠨ ᠦᠵᠡᠭᠡᠳ᠄ 
       — ᠦᠵᠡᠰᠬᠦᠯᠡᠩ ᠴᠣᠬᠣᠮ ᠶᠠᠮᠠᠷ ᠨᠢᠭᠤᠴᠠ ᠶ᠋ᠢ ᠨᠢ ᠪᠠᠷᠢᠭᠰᠠᠨ ᠲᠤᠬᠠᠢ ᠪᠢᠳᠡ ᠬᠡᠳᠦᠨ ᠲᠠᠯ᠎ᠠ ᠪᠠᠷ ᠲᠠᠭᠠᠮᠠᠭᠯᠠᠵᠤ ᠪᠣᠯᠤᠨ᠎ᠠ᠃  ᠁ ᠬᠣᠵᠢᠮ ᠨᠢ ᠲᠡᠷᠡ ᠨᠢᠭᠡ ᠡᠮᠡᠭᠲᠡᠢ ᠶ᠋ᠢᠨ ᠬᠡᠪᠡᠯᠢ ᠶ᠋ᠢ ᠪᠠᠢᠴᠠᠭᠠᠭᠠᠳ ᠲᠥᠷᠥᠬᠦ ᠡᠴᠡ ᠪᠣᠯᠵᠤ ᠰᠠᠪᠠ ᠨᠢ ᠡᠪᠳᠡᠷᠡᠵᠦ ᠲᠠᠬᠢᠵᠤ ᠦᠷᠡᠵᠢᠬᠦ ᠴᠢᠳᠠᠪᠤᠷᠢ ᠪᠠᠨ ᠠᠯᠳᠠᠵᠠᠢ ᠭᠡᠵᠦ ᠨᠤᠲᠠᠯᠠᠭᠠᠳ ᠲᠡᠷᠡ ᠡᠷ᠎ᠡ ᠡᠮ᠎ᠡ ᠬᠣᠶᠠᠭᠤᠯᠠ ᠳ᠋ᠤ᠌ ᠪᠤᠷᠤᠭᠤᠰᠢᠶᠠᠭᠳᠠᠭᠰᠠᠨ ᠪᠥᠭᠡᠳ ᠬᠣᠷᠢᠶᠠᠨ ᠤ᠋ ᠤᠳᠤᠷᠢᠳᠤᠯᠭ᠎ᠠ ᠨᠢ ᠴᠤ᠌ ᠲᠡᠭᠦᠨ ᠢ᠋ ᠨᠠᠭᠠᠳᠤ ᠵᠠᠬ᠎ᠠ ᠶ᠋ᠢᠨ ᠡᠮᠨᠡᠯᠭᠡ ᠶ᠋ᠢᠨ ᠮᠡᠳᠡᠯᠭᠡ ᠦᠭᠡᠢ ᠭᠡᠵᠦ ᠳᠣᠩᠭᠣᠳᠤᠨ ᠰᠢᠭᠦᠮᠵᠢᠯᠡᠵᠦ᠂ ᠨᠢᠭᠡ ᠤᠳᠠᠭᠠᠨ ᠤ᠋ ᠴᠠᠯᠢᠩ ᠥᠰᠬᠡᠬᠦ ᠡᠴᠡ ᠬᠣᠴᠣᠷᠭᠠᠭᠰᠠᠨ ᠶᠠᠪᠤᠳᠠᠯ ᠢ᠋ ᠡᠭᠦᠨ ᠲᠡᠢ ᠬᠣᠯᠪᠣᠨ ᠪᠣᠳᠣᠵᠤ ᠪᠣᠯᠬᠤ ᠪᠢᠰᠢ ᠤᠤ?  ᠦᠵᠡᠰᠬᠦᠯᠡᠩ ᠲᠡᠷᠡ ᠡᠬᠡᠨᠡᠷ ᠦ᠋ᠨ ᠡᠪᠡᠳᠴᠢᠨ ᠢ᠋ ᠵᠥᠪ ᠲᠣᠳᠣᠯᠠᠭᠰᠠᠨ ᠢ᠋ᠶ᠋ᠠᠷ ᠪᠠᠷᠠᠬᠤ ᠦᠭᠡᠢ ᠬᠠᠮᠲᠤ ᠬᠥᠩᠭᠡᠵᠢᠭᠰᠡᠨ ᠢ᠋ᠶ᠋ᠡᠨ ᠬᠦᠷᠲᠡᠯ᠎ᠡ ᠪᠣᠳᠣᠵᠤ ᠣᠯᠤᠭᠰᠠᠨ ᠪᠠᠢᠨ᠎ᠠ᠃ ᠭᠠᠢᠬᠠᠯᠲᠠᠢ ᠨᠢ ᠲᠡᠷᠡ ᠡᠨᠡ ᠬᠡᠷᠡᠭ ᠢ᠋ ᠮᠥᠷᠳᠡᠵᠦ ᠨᠡᠬᠡᠮᠵᠢᠯᠡᠭᠰᠡᠨ ᠦᠭᠡᠢ᠃ ᠶᠠᠭ ᠲᠡᠭᠦᠨ ᠦ᠌ ᠳᠠᠷᠤᠭᠠᠰᠤ ᠠᠯᠳᠠᠷᠠᠬᠤ ᠦᠭᠡᠢ ᠪᠤᠬᠢᠨᠢᠳᠤᠵᠤ ᠪᠠᠢᠬᠤ ᠦᠶ᠎ᠡ ᠳ᠋ᠦ᠍᠂ ᠸᠠᠩ ᠯᠠᠨ ᠬᠤᠸᠠ ᠶᠢᠨ ᠬᠡᠦᠬᠡᠳ ᠬᠥᠯ ᠢ᠋ᠶ᠋ᠡᠨ ᠬᠤᠭᠤᠯᠤᠭᠠᠳ ᠲᠡᠭᠦᠨ ᠢ᠋ᠶ᠋ᠡᠷ ᠰᠡᠭᠦᠳᠡᠷ ᠲᠠᠲᠠᠭᠤᠯᠬᠤ ᠪᠣᠯᠤᠯ᠎ᠠ᠃ ᠲᠡᠭᠡᠭᠡᠳ ᠭᠡᠷᠡᠯ ᠵᠢᠷᠤᠭ ᠠᠪᠬᠤ ᠪᠠᠷ ᠪᠡᠯᠡᠳᠬᠡᠵᠦ ᠪᠠᠢᠬᠤ ᠳᠤ ᠪᠠᠨ ᠲᠡᠷᠡ ᠭᠡᠨᠡᠳᠲᠡ ᠨᠢᠭᠡᠨ ᠰᠠᠨᠠᠭᠠᠨ ᠠ᠋ᠴᠠ ᠭᠠᠳᠠᠭᠤᠷᠬᠢ ᠤᠴᠠᠷᠠᠯ ᠳ᠋ᠤ᠌ ᠲᠣᠬᠢᠶᠠᠯᠳᠤᠭᠰᠠᠨ ᠪᠠᠢᠨ᠎ᠠ᠃ 
       — ᠲᠡᠷᠡ ᠣᠷᠣᠢ ᠦᠵᠡᠰᠬᠦᠯᠡᠩ᠂ ᠸᠠᠩ ᠯᠠᠨ ᠬᠤᠸᠠ ᠳ᠋ᠤ᠌᠄ 《ᠮᠢᠨᠦ ᠲᠡᠦᠬᠡ ᠶ᠋ᠢ ᠴᠠᠭᠠᠳᠬᠠᠬᠤ ᠪᠣᠯᠤᠭᠰᠠᠨ᠃ ᠪᠢ ᠬᠥᠯ ᠦ᠋ᠨ ᠮᠡᠩᠭᠡ ᠪᠡᠷ ᠨᠢ ᠲᠡᠷᠡ ᠬᠦᠦ ᠶ᠋ᠢ ᠲᠠᠨᠢᠵᠠᠢ᠃ ᠲᠡᠷᠡ ᠮᠢᠨᠦ ᠬᠡᠦᠬᠡᠳ ᠲᠡᠢ ᠴᠣᠭ ᠲᠥᠷᠥᠭᠰᠡᠨ》ᠭᠡᠵᠦ ᠶᠠᠭ ᠯᠠ ᠰᠣᠯᠢᠶᠠᠷᠠᠭᠰᠠᠨ ᠮᠡᠲᠦ ᠶᠠᠷᠢᠵᠤ ᠪᠠᠢᠭᠰᠠᠨ ᠭᠡᠳᠡᠭ ᠪᠢᠰᠢ ᠤᠤ?  ᠡᠭᠦᠨ ᠡᠴᠡ ᠪᠢᠳᠡ᠂ ᠦᠵᠡᠰᠬᠦᠯᠡᠩ ᠨᠢᠭᠡ ᠬᠦᠦ ᠶ᠋ᠢ ᠬᠥᠯ ᠦ᠋ᠨ ᠬᠢᠨᠢ ᠮᠡᠩᠭᠡ ᠪᠡᠷ ᠥᠪᠡᠷ ᠦ᠋ᠨ ᠬᠡᠦᠬᠡᠳ ᠲᠡᠢ ᠨᠢ ᠴᠣᠭ ᠲᠥᠷᠥᠭᠰᠡᠨ ᠢ᠋ ᠲᠠᠨᠢᠵᠤ ᠣᠯᠤᠭᠰᠠᠨ ᠪᠠᠢᠨ᠎ᠠ ᠭᠡᠵᠦ ᠮᠡᠳᠡᠵᠦ ᠪᠣᠯᠤᠨ᠎ᠠ᠃ ᠲᠡᠷᠡᠴᠢᠯᠡᠨ ᠡᠨᠡ ᠬᠦ᠌ ᠬᠥᠯ ᠳᠦ ᠪᠡᠨ ᠮᠡᠩᠭᠡ ᠲᠡᠢ ᠬᠦᠦ ᠶ᠋ᠢ ᠲᠠᠨᠢᠭᠰᠠᠨ ᠨᠢ ᠲᠡᠭᠦᠨ ᠦ᠌ ᠲᠡᠦᠬᠡ ᠶ᠋ᠢᠨ ᠬᠢᠯᠢᠰ ᠢ᠋ ᠴᠠᠭᠠᠳᠬᠠᠬᠤ ᠲᠠᠢ ᠬᠣᠯᠪᠣᠭᠳᠠᠯ ᠲᠠᠢ ᠪᠤᠶᠤ ᠠᠰᠢᠭ ᠲᠤᠰᠠ ᠲᠠᠢ ᠪᠣᠯᠤᠯᠲᠠᠢ᠃ ᠪᠢᠳᠡ ᠲᠡᠭᠦᠨ ᠦ᠌ ᠬᠡᠦᠬᠡᠳ ᠲᠡᠢ ᠬᠠᠮᠲᠤ ᠲᠥᠷᠥᠭᠰᠡᠨ ᠭᠡᠬᠦ ᠡᠴᠡ ᠦᠵᠡᠬᠦ ᠳ᠋ᠦ᠍ ᠡᠨᠡ ᠬᠡᠦᠬᠡᠳ ᠦᠵᠡᠰᠬᠦᠯᠡᠩ ᠦ᠋ᠨ ᠬᠡᠦᠬᠡᠳ ᠲᠡᠢ ᠬᠠᠮᠲᠤ ᠲᠥᠷᠥᠭᠰᠡᠨ ᠪᠢᠰᠢ ᠴᠤ᠌ ᠣᠢᠷᠠᠯᠴᠠᠭ᠎ᠠ ᠲᠥᠷᠥᠭᠰᠡᠨ ᠪᠠᠢᠨ᠎ᠠ᠃ ᠡᠨᠡ ᠴᠣᠬᠣᠮ ᠬᠡᠨ ᠦ᠌ ᠬᠡᠦᠬᠡᠳ ᠪᠣᠯᠴᠢᠬᠠᠪᠠ?  ᠡᠨᠡ ᠠᠰᠠᠭᠤᠳᠠᠯ ᠮᠠᠰᠢ ᠢᠯᠡᠬᠡᠨ ᠪᠠᠢᠨ᠎ᠠ᠃ ᠲᠡᠷᠡ ᠡᠳᠦᠷ ᠦᠵᠡᠰᠬᠦᠯᠡᠩ᠂ ᠸᠠᠩ ᠯᠠᠨ ᠬᠤᠸᠠ ᠶ᠋ᠢᠨ ᠬᠡᠦᠬᠡᠳ ᠦ᠋ᠨ ᠬᠥᠯ ᠢ᠋ ᠰᠡᠭᠦᠳᠡᠷᠯᠡᠭᠰᠡᠨ ᠶᠦᠮ᠃ ᠰᠡᠭᠦᠳᠡᠷᠯᠡᠬᠦ ᠦᠶ᠎ᠡ ᠳ᠋ᠦ᠍ ᠬᠥᠯ ᠦ᠋ᠨ ᠮᠡᠩᠭᠡ ᠮᠠᠰᠢ ᠬᠢᠯᠪᠠᠷᠬᠠᠨ ᠢᠯᠡᠷᠡᠬᠦ ᠲᠤᠯᠠ ᠡᠨᠡ ᠬᠡᠦᠬᠡᠳ ᠢ᠋ ᠬᠡᠯᠡᠵᠦ ᠪᠠᠢᠬᠤ ᠪᠣᠯᠤᠯᠴᠠᠭ᠎ᠠ ᠶᠡᠬᠡ ᠪᠠᠢᠨ᠎ᠠ᠃ ᠸᠠᠩ ᠯᠠᠨ ᠬᠤᠸᠠ ᠶ᠋ᠢᠨ ᠬᠡᠦᠬᠡᠳ ᠠᠷᠪᠠᠨ ᠲᠠᠪᠤᠲᠠᠢ᠃ ᠶᠠᠭ ᠦᠵᠡᠰᠬᠦᠯᠡᠩ ᠦ᠋ᠨ ᠬᠥᠩᠭᠡᠵᠢᠭᠰᠡᠨ ᠣᠨ ᠵᠢᠯ ᠲᠡᠢ ᠣᠢᠷᠠᠯᠴᠠᠭ᠎ᠠ᠂ ᠡᠨᠡ ᠵᠦᠢᠴᠢᠯᠡᠯ ᠢ᠋ᠶ᠋ᠡᠷ ᠪᠢᠳᠡ ᠬᠣᠲᠠ ᠶ᠋ᠢᠨ ᠠᠷᠪᠠᠨ ᠳᠥᠷᠪᠡᠳᠦᠭᠡᠷ ᠳᠤᠮᠳᠠᠳᠤ ᠰᠤᠷᠭᠠᠭᠤᠯᠢ ᠳ᠋ᠤ᠌ ᠣᠴᠢᠵᠤ ᠪᠠᠢᠴᠠᠭᠠᠭᠠᠳ᠂ ᠡᠨᠡ ᠬᠦᠦ ᠶ᠋ᠢᠨ ᠬᠤᠭᠤᠷᠠᠭᠰᠠᠨ ᠬᠥᠯ ᠳᠡᠭᠡᠷ᠎ᠡ ᠨᠢ ᠬᠣᠷᠢᠳ ᠤ᠋ᠨ ᠰᠠᠷᠠᠨ ᠤ᠋ ᠬᠡᠯᠪᠡᠷᠢ ᠲᠡᠢ ᠬᠠᠷ᠎ᠠ ᠮᠡᠩᠭᠡ ᠪᠠᠢᠭᠰᠠᠨ ᠢ᠋ ᠣᠯᠵᠤ ᠮᠡᠳᠡᠵᠡᠢ᠃ 
      — ᠡᠨᠡ ᠨᠢ ᠶᠠᠭᠠᠬᠢᠭᠠᠳ ᠦᠵᠡᠰᠬᠦᠯᠡᠩ ᠦ᠋ᠨ ᠬᠤᠪᠢ ᠵᠠᠶᠠᠭ᠎ᠠ ᠲᠠᠢ ᠬᠣᠯᠪᠣᠭᠳᠠᠭᠰᠠᠨ ᠢ᠋ ᠤᠯᠠᠮ ᠴᠠᠭᠠᠰᠢ ᠵᠦᠢᠴᠢᠯᠡᠬᠦ ᠴᠢᠬᠤᠯᠠ ᠲᠠᠢ ᠪᠣᠯᠪᠠ᠃ ᠦᠵᠡᠰᠬᠦᠯᠡᠩ ᠲᠡᠷᠡ ᠡᠳᠦᠷ ᠡᠨᠡ ᠬᠡᠦᠬᠡᠳ ᠦ᠋ᠨ ᠬᠥᠯ ᠦ᠋ᠨ ᠮᠡᠩᠭᠡ ᠵᠢ ᠣᠯᠵᠤ ᠦᠵᠡᠭᠡᠳ᠂ ᠡᠨᠡ ᠪᠣᠯ ᠠᠷᠪᠠᠨ ᠲᠠᠪᠤᠨ ᠵᠢᠯ ᠦ᠋ᠨ ᠡᠮᠦᠨ᠎ᠡ ᠲᠡᠭᠦᠨ ᠦ᠌ ᠬᠡᠦᠬᠡᠳ ᠲᠡᠢ ᠣᠢᠷᠠᠯᠴᠠᠭ᠎ᠠ ᠲᠥᠷᠥᠭᠰᠡᠨ ᠬᠦᠦ ᠪᠣᠯᠬᠤ ᠶ᠋ᠢ ᠣᠰᠣᠯ ᠦᠭᠡᠢ ᠲᠠᠨᠢᠭᠰᠠᠨ ᠪᠠᠢᠨ᠎ᠠ᠃ ᠲᠡᠷᠡᠴᠢᠯᠡᠨ ᠡᠨᠡ ᠬᠦᠦ ᠶ᠋ᠢᠨ ᠡᠬᠡ ᠨᠢ ᠰᠠᠶᠢ ᠲᠥᠷᠥᠭᠰᠡᠨ ᠬᠤᠭᠤᠴᠠᠭᠠᠨ ᠳ᠋ᠠᠭᠠᠨ ᠰᠦ ᠨᠢ ᠬᠦᠷᠦᠯᠴᠡᠬᠦ ᠦᠭᠡᠢ ᠪᠠᠢᠭᠰᠠᠨ ᠪᠣᠯᠬᠣᠷ ᠦᠵᠡᠰᠬᠦᠯᠡᠩ ᠢ᠋ ᠭᠤᠶᠤᠵᠤ ᠬᠥᠬᠥᠭᠦᠯᠵᠦ ᠪᠠᠢᠵᠠᠢ᠃ᠲᠡᠷᠡ ᠦᠶ᠎ᠡ ᠳ᠋ᠦ᠍ ᠦᠵᠡᠰᠬᠦᠯᠡᠩ ᠡᠨᠡ ᠬᠡᠦᠬᠡᠳ ᠦ᠋ᠨ ᠬᠥᠯ ᠳᠡᠭᠡᠷᠡᠬᠢ ᠮᠡᠩᠭᠡ ᠶ᠋ᠢ ᠶᠡᠬᠡ ᠰᠣᠨᠢᠷᠬᠠᠳᠠᠭ ᠪᠠᠢᠭᠰᠠᠨ ᠲᠤᠯᠠ ᠡᠳᠦᠭᠡ ᠪᠣᠯᠲᠠᠯ᠎ᠠ ᠭᠦᠨ ᠰᠠᠭᠤᠭᠳᠠᠯ ᠲᠠᠢ ᠠᠵᠢ᠃ ᠡᠨᠡ ᠬᠡᠦᠬᠡᠳ ᠢ᠋ ᠲᠥᠷᠥᠬᠦ ᠦᠶ᠎ᠡ ᠳ᠋ᠦ᠍ ᠦᠵᠡᠰᠬᠦᠯᠡᠩ ᠪᠠᠰᠠ ᠬᠥᠩᠭᠡᠵᠢᠭᠡᠳ ᠡᠮᠨᠡᠯᠭᠡ ᠶ᠋ᠢᠨ ᠬᠣᠷᠢᠶᠠᠨ ᠳ᠋ᠤ᠌ ᠰᠠᠭᠤᠵᠤ ᠪᠠᠢᠭᠰᠠᠨ᠃ ᠲᠡᠢᠮᠦ ᠪᠣᠯᠬᠣᠷ ᠢ᠋ᠶ᠋ᠠᠨ ᠬᠡᠦᠬᠡᠳ ᠢ᠋ ᠨᠢ ᠲᠠᠨᠢᠪᠠᠯ ᠴᠢᠨᠠᠭᠰᠢ ᠡᠬᠡ ᠶ᠋ᠢ ᠨᠢ ᠪᠣᠳᠣᠬᠤ ᠨᠢ ᠵᠠᠢᠯᠠᠰᠢ ᠦᠭᠡᠢ ᠬᠡᠷᠡᠭ ᠪᠢᠰᠢ ᠤᠤ? 
       — ᠲᠡᠷᠡᠴᠢᠯᠡᠨ ᠡᠦ ᠹᠧᠩ ᠮᠧᠢ ᠬᠡᠪᠡᠯᠢ ᠪᠡᠨ ᠪᠠᠢᠴᠠᠭᠠᠯᠭᠠᠭᠠᠳ ᠲᠥᠷᠥᠭᠰᠡᠨ ᠢ᠋ᠶ᠋ᠡᠨ ᠨᠢᠭᠤᠬᠤ ᠳ᠋ᠤ᠌᠂ ᠦᠵᠡᠰᠬᠦᠯᠡᠩ ᠲᠡᠭᠦᠨ ᠲᠡᠢ ᠬᠠᠮᠲᠤ ᠡᠮᠨᠡᠯᠭᠡ ᠳ᠋ᠦ᠍ ᠰᠠᠭᠤᠵᠤ ᠬᠥᠩᠭᠡᠵᠢᠵᠦ ᠪᠠᠢᠭᠰᠠᠨ ᠶᠠᠪᠤᠳᠠᠯ ᠢ᠋ᠶ᠋ᠠᠨ ᠣᠰᠣᠯ ᠦᠭᠡᠢ ᠰᠠᠨᠠᠵᠤ ᠣᠯᠤᠭᠰᠠᠨ ᠪᠢᠰᠢ ᠤᠤ? ᠭᠠᠢᠬᠠᠯᠲᠠᠢ ᠨᠢ ᠡᠦ ᠹᠧᠩ ᠮᠧᠢ ᠶ᠋ᠢᠨ ᠡᠨᠡ ᠬᠦᠦ ᠲᠤᠬᠠᠢ ᠶ᠋ᠢᠨ ᠦᠶ᠎ᠡ ᠳ᠋ᠦ᠍ ᠲᠡᠭᠦᠨ ᠦ᠌ ᠬᠦᠦ ᠶ᠋ᠢᠨ ᠬᠠᠮᠲᠤ ᠬᠢᠵᠢᠭ ᠢ᠋ᠶ᠋ᠡᠷ ᠦᠬᠦᠭᠰᠡᠨ ᠪᠠᠢᠭᠠᠳ ᠥᠨᠥᠳᠥᠷ ᠶᠠᠭᠠᠬᠢᠭᠠᠳ ᠠᠮᠢᠳᠤ ᠪᠣᠯᠴᠢᠬᠠᠭᠰᠠᠨ ᠪᠣᠢ? ᠡᠬᠡ ᠨᠢ ᠪᠠᠰᠠ ᠶᠠᠭᠠᠬᠢᠭᠠᠳ ᠥᠪᠡᠷ ᠦ᠋ᠨ ᠲᠥᠷᠥᠵᠦ ᠥᠩᠭᠡᠷᠡᠭᠰᠡᠨ ᠢ᠋ᠶ᠋ᠡᠨ ᠲᠡᠭᠡᠵᠦ ᠦᠬᠦᠨ ᠨᠢᠭᠤᠭᠠᠳ ᠪᠠᠢᠬᠤ ᠶᠤᠮ?  ᠨᠡᠩ ᠰᠣᠨᠢᠷᠬᠠᠯᠲᠠᠢ ᠨᠢ ᠡᠨᠡ ᠬᠦᠦ ᠶ᠋ᠢᠨ ᠲᠥᠷᠥᠭᠰᠡᠨ ᠨᠢ ᠶᠠᠭᠠᠬᠢᠭᠠᠳ ᠸᠠᠩ ᠯᠠᠨ ᠬᠤᠸᠠ ᠶ᠋ᠢᠨ ᠡᠷ᠎ᠡ ᠲᠡᠢ ᠨᠢᠭᠡ ᠬᠡᠪ ᠲᠦ᠍ ᠬᠢᠭᠰᠡᠨ ᠰᠢᠭ ᠲᠥᠰᠦᠭᠡᠲᠡᠢ ᠪᠣᠢ? ᠪᠠᠰᠠ ᠶᠠᠭᠠᠬᠢᠭᠠᠳ ᠸᠠᠩ ᠯᠠᠨ ᠬᠤᠸᠠ ᠲᠡᠭᠦᠨ ᠢ᠋ ᠲᠡᠳᠦᠢ ᠶᠡᠬᠡ ᠪᠣᠯᠲᠠᠯ᠎ᠠ ᠲᠥᠷᠥᠭᠰᠡᠨ ᠬᠦᠦ ᠭᠡᠵᠦ ᠬᠠᠭᠤᠷᠮᠠᠭᠯᠠᠬᠤ ᠪᠣᠢ?  ᠲᠡᠷᠡ ᠬᠡᠦᠬᠡᠳ ᠡᠨᠳᠡᠭᠦᠷᠡᠭᠰᠡᠨ ᠭᠡᠵᠢ ᠤᠤ? ᠦᠵᠡᠰᠬᠦᠯᠡᠩ ᠢᠩᠭᠢᠵᠦ ᠡᠯᠳᠡᠪ ᠢ᠋ ᠪᠣᠳᠣᠬᠤ ᠳᠣᠳᠣᠮ ᠰᠡᠵᠢᠭ ᠠᠵᠢᠭ ᠨᠢ ᠨᠡᠮᠡᠭᠳᠡᠪᠡ᠃ 
       — ᠠᠷᠪᠠᠨ ᠲᠠᠪᠤᠨ ᠵᠢᠯ ᠦ᠋ᠨ ᠡᠮᠦᠨ᠎ᠡ ᠲᠡᠭᠦᠨ ᠦ᠌ ᠬᠡᠦᠬᠡᠳ ᠦ᠋ᠨ ᠴᠢᠷᠠᠢ ᠨᠢ ᠬᠠᠷᠠᠯᠠᠨ᠂ ᠠᠮᠠᠨ ᠠ᠋ᠴᠠ ᠨᠢ ᠬᠥᠭᠡᠰᠦ ᠭᠣᠭᠣᠵᠢᠨ᠂ ᠡᠷᠡᠦ ᠨᠢ ᠵᠠᠭᠤᠷᠠᠵᠤ ᠦᠬᠦᠭᠰᠡᠨ ᠡᠴᠡ ᠨᠢ ᠶᠠᠭ ᠯᠠ ᠬᠣᠣᠷᠳᠠᠭᠳᠠᠭᠰᠠᠨ ᠭᠡᠵᠦ ᠣᠨᠣᠰᠢᠯᠠᠮᠠᠷ ᠪᠠᠢᠭᠰᠠᠨ ᠪᠣᠯᠬᠣᠷ ᠲᠡᠷᠡ ᠲᠤᠬᠠᠢ ᠶ᠋ᠢᠨ ᠦᠶ᠎ᠡ ᠳ᠋ᠦ᠍ ᠡᠳᠦᠢ ᠲᠡᠳᠦᠢ ᠰᠡᠵᠢᠭᠯᠡᠵᠦ ᠥᠩᠭᠡᠷᠡᠭᠰᠡᠨ ᠶᠦᠮ᠃ ᠮᠠᠷᠭᠠᠰᠢ ᠨᠢ ᠡᠦ ᠹᠧᠩ ᠮᠧᠢ ᠶ᠋ᠢᠨ ᠬᠡᠦᠬᠡᠳ ᠴᠤ᠌ ᠦᠬᠦᠯ᠎ᠡ ᠭᠡᠬᠦ ᠳ᠋ᠦ᠍ ᠡᠬᠡ ᠨᠢ ᠬᠦᠦ ᠶ᠋ᠢᠨ ᠢ᠋ᠶ᠋ᠡᠨ ᠬᠣᠢᠨ᠎ᠠ ᠠ᠋ᠴᠠ ᠳᠡᠮᠡᠢ ᠴᠤ᠌ ᠵᠣᠪᠠᠬᠤ ᠦᠭᠡᠢ ᠪᠠᠢᠭᠰᠠᠨ ᠮᠥᠷᠲᠡᠭᠡᠨ ᠬᠡᠭᠦᠷ ᠢ᠋ ᠨᠢ ᠣᠯᠢᠭᠲᠠᠢ ᠪᠤᠯᠭᠤᠭᠤᠬᠤ ᠦᠭᠡᠢ ᠪᠠᠢᠭᠰᠠᠨ ᠨᠢ ᠨᠡᠩ ᠰᠡᠵᠢᠭᠯᠡᠭᠦᠰᠢᠲᠡᠢ ᠪᠠᠢᠵᠠᠢ᠃ ᠬᠢᠵᠢᠭ ᠦ᠋ᠨ ᠳᠡᠯᠭᠡᠷᠡᠯ ᠶᠠᠭᠠᠬᠢᠭᠠᠳ ᠤᠷᠢᠳᠴᠢᠯᠠᠭᠰᠠᠨ ᠰᠢᠨᠵᠢ ᠢᠯᠡᠷᠡᠯ ᠦᠭᠡᠢ ᠪᠣᠢ?  ᠁ᠡᠨᠡ ᠬᠦᠦ ᠶ᠋ᠢᠨ ᠠᠮᠢᠳᠤ ᠪᠠᠢᠬᠤ ᠶ᠋ᠢ ᠦᠵᠡᠭᠡᠳ ᠲᠡᠷᠡ ᠤᠤᠯ ᠤ᠋ᠨ ᠰᠡᠵᠢᠭ ᠢ᠋ᠶ᠋ᠡᠨ ᠨᠤᠲᠠᠯᠠᠵᠤ᠂ ᠡᠭᠦᠨ ᠦ᠌ ᠳᠤᠮᠳᠠᠬᠢ ᠨᠢᠭᠡ ᠨᠢᠭᠤᠴᠠ ᠶᠠᠪᠤᠳᠠᠯ ᠢ᠋ ᠲᠠᠭᠠᠮᠠᠭᠯᠠᠵᠤ ᠭᠠᠷᠭᠠᠭᠰᠠᠨ ᠪᠠᠢᠨ᠎ᠠ᠃  
       — ᠠᠷᠪᠠᠨ ᠲᠠᠪᠤᠨ ᠵᠢᠯ ᠦ᠋ᠨ ᠡᠮᠦᠨ᠎ᠡ ᠸᠠᠩ ᠯᠠᠨ ᠬᠤᠸᠠ ᠶ᠋ᠢᠨ ᠡᠷ᠎ᠡ ᠨᠢ ᠡᠦ ᠹᠧᠩ ᠮᠧᠢ ᠶ᠋ᠢ ᠬᠡᠦᠬᠡᠨ ᠪᠠᠢᠬᠤ ᠳ᠋ᠤ᠌ ᠵᠢᠷᠮᠦᠰᠦᠨ ᠪᠣᠯᠭᠠᠵᠤ ᠡᠨᠡ ᠬᠦᠦ ᠶ᠋ᠢ ᠨᠢᠭᠤᠴᠠ ᠪᠠᠷ ᠦᠵᠡᠭᠳᠡᠭᠦᠯᠵᠡᠢ᠃ ᠲᠡᠭᠡᠭᠡᠳ ᠲᠡᠷᠡ ᠡᠨᠡ ᠬᠡᠦᠬᠡᠳ ᠢ᠋ᠶ᠋ᠡᠨ ᠥᠰᠬᠡᠵᠦ ᠦᠷ᠎ᠡ ᠦᠨᠳᠦᠰᠦ ᠵᠠᠯᠭᠠᠮᠵᠢᠯᠠᠭᠤᠯᠬᠤ ᠪᠠᠷ ᠵᠣᠷᠢᠭ ᠰᠢᠭᠤᠳᠤᠭᠰᠠᠨ ᠪᠠᠢᠬᠤ᠃ ᠲᠡᠷᠡ ᠣᠯᠠᠨ ᠤ᠋ ᠨᠢᠳᠦ ᠪᠣᠯᠤᠨ ᠡᠦ ᠹᠧᠩ ᠮᠧᠢ ᠶ᠋ᠢᠨ ᠨᠢᠳᠦ ᠶ᠋ᠢ ᠬᠠᠯᠬᠠᠯᠠᠬᠤ ᠶ᠋ᠢᠨ ᠲᠥᠯᠥᠭᠡ᠂ ᠬᠤᠪᠢ ᠪᠡᠶ᠎ᠡ ᠪᠣᠯᠤᠨ ᠡᠦ ᠹᠧᠩ ᠮᠧᠢ ᠳ᠋ᠦ᠍ ᠤᠴᠠᠷᠠᠭᠤᠯᠵᠤ ᠮᠡᠳᠡᠬᠦ ᠶᠠᠷᠰᠢᠭ ᠲᠦᠪᠡᠭ ᠡᠴᠡ ᠵᠠᠢᠯᠠᠬᠤ ᠶ᠋ᠢᠨ ᠲᠥᠯᠥᠭᠡ ᠬᠢᠵᠢᠭ ᠳᠡᠯᠭᠡᠷᠡᠭᠰᠡᠨ ᠴᠤᠤᠷᠬᠠᠯ ᠲᠠᠷᠬᠠᠭᠠᠭᠰᠠᠨ ᠤ᠋ ᠳᠠᠷᠠᠭ᠎ᠠ᠂ ᠦᠵᠡᠰᠬᠦᠯᠡᠩ ᠦ᠋ᠨ ᠬᠡᠦᠬᠡᠳ ᠢ᠋ ᠬᠣᠣᠷᠯᠠᠵᠤ ᠵᠠᠭᠪᠤᠷ ᠪᠣᠯᠭᠠᠨ ᠨᠢᠭᠡ ᠦᠬᠦᠳᠡᠯ ᠢ᠋ᠶ᠋ᠡᠷ ᠬᠣᠶᠠᠷ ᠡᠬᠡᠨᠡᠷ ᠦ᠋ᠨ ᠨᠢᠳᠦ ᠶ᠋ᠢ ᠬᠠᠯᠬᠠᠯᠠᠵᠠᠢ᠃  ᠲᠡᠭᠡᠭᠡᠳ ᠡᠨᠡ ᠬᠦᠦ ᠶᠢᠷᠲᠢᠨᠴᠦ ᠳ᠋ᠦ᠍ ᠬᠥᠮᠦᠨ ᠪᠣᠯᠵᠤ ᠠᠮᠢᠳᠤᠷᠠᠬᠤ ᠵᠠᠪᠰᠢᠶᠠᠨ ᠲᠠᠢ ᠪᠣᠯᠪᠠ᠃ 
       — ᠦᠵᠡᠰᠬᠦᠯᠡᠩ ᠢᠩᠭᠢᠵᠦ ᠪᠣᠳᠣᠭᠠᠳ ᠬᠢᠯᠢᠩᠨᠡᠨ ᠬᠣᠷᠣᠰᠴᠤ ᠤᠬᠤᠰᠬᠢᠨ ᠪᠣᠰᠬᠤ ᠳᠤ ᠪᠠᠨ ᠠᠷᠤ ᠳ᠋ᠠᠬᠢX ᠰᠠᠴᠤᠷᠠᠭ ᠤ᠋ᠨ ᠮᠠᠰᠢᠨ ᠢ᠋ᠶ᠋ᠠᠨ ᠲᠦᠯᠬᠢᠵᠦ ᠤᠨᠠᠭᠠᠭᠠᠳ ᠡᠪᠳᠡᠯᠡᠵᠡᠢ᠃ 
       — ᠲᠢᠩᠬᠢᠮ ᠦ᠋ᠨ ᠳᠠᠷᠤᠭ᠎ᠠ ᠠ᠋᠂ ᠲᠠ ᠨᠡᠭᠡᠷᠡᠨ ᠬᠤᠪᠢᠯᠵᠤ ᠳᠠᠭᠠᠵᠤ ᠦᠵᠡᠭᠰᠡᠨ ᠰᠢᠭ ᠢᠩᠭᠢᠵᠦ ᠨᠠᠷᠢᠨ ᠪᠣᠳᠠᠲᠠᠢ ᠵᠦᠢᠴᠢᠯᠡᠨ ᠲᠤᠯᠭᠠᠬᠤ ᠭᠡᠭᠴᠢ ᠰᠣᠨᠢᠨ ᠳᠠ᠃ 
       — ᠦᠨᠡᠨ ᠳᠦ ᠪᠡᠨ ᠡᠨᠡ ᠪᠣᠯ ᠪᠦᠷ ᠲᠡᠳᠡᠨᠦᠰ ᠦ᠋ᠨ ᠬᠡᠯᠡᠭᠡᠳ ᠭᠠᠷᠭᠠᠭᠰᠠᠨ ᠨᠢᠭᠤᠴᠠ᠃ ᠪᠢ ᠵᠥᠪᠬᠡᠨ ᠡᠮᠦᠨ᠎ᠡ ᠬᠣᠢᠨᠠᠬᠢ ᠶ᠋ᠢ ᠨᠢ ᠳᠠᠭᠠᠷᠠᠭᠤᠯᠤᠭᠰᠠᠨ ᠲᠡᠳᠦᠢ᠃ 
       — ᠲᠠ ᠵᠠᠯᠭᠠᠭᠠᠳ ᠶᠠᠷᠢᠭᠠᠴᠢ ᠳᠠ᠃ 
       — ᠡᠨᠡ ᠬᠦ᠌ ᠨᠢᠭᠤᠴᠠ ᠶ᠋ᠢ ᠢᠯᠡᠷᠡᠭᠦᠯᠦᠮᠡᠭᠴᠡ ᠦᠵᠡᠰᠬᠦᠯᠡᠩ ᠦ᠋ᠨ ᠳᠣᠲᠣᠷ᠎ᠠ ᠬᠣᠷᠢᠭᠠᠳ ᠵᠢᠯ ᠦ᠋ᠨ ᠲᠤᠷᠰᠢᠬᠢ ᠭᠤᠨᠢᠭ ᠲᠣᠷᠣᠮᠰᠢᠯ᠂ ᠬᠢᠯᠢᠩ ᠬᠣᠷᠣᠰᠤᠯ ᠰᠢᠷᠠᠯᠠᠨ ᠪᠣᠳᠣᠭᠳᠠᠭᠰᠠᠨ᠃ ᠡᠨᠡ ᠬᠦᠦ ᠶ᠋ᠢᠨ ᠡᠴᠢᠭᠡ᠂ ᠨᠢᠭᠦᠯᠲᠦ ᠲᠡᠷᠡ ᠵᠣᠯᠢᠭ ᠦᠷ᠎ᠡ ᠬᠡᠦᠬᠡᠳ ᠢ᠋ ᠨᠢ ᠬᠣᠣᠷᠯᠠᠨ ᠠᠯᠠᠭᠰᠠᠨ ᠢ᠋ᠶ᠋ᠠᠷ ᠪᠠᠷᠠᠬᠤ ᠦᠭᠡᠢ᠂ ᠬᠣᠷᠢᠭᠠᠳ ᠵᠢᠯ ᠦ᠋ᠨ ᠲᠤᠷᠰᠢ ᠲᠡᠭᠦᠨ ᠢ᠋ ᠡᠯᠳᠡᠪ ᠢ᠋ᠶ᠋ᠡᠷ ᠭᠠᠳᠠᠭᠤᠷᠴᠢᠯᠠᠨ ᠴᠣᠬᠢᠯᠲᠠ ᠥᠭᠴᠦ᠂ ᠴᠢᠨᠠᠭᠰᠢᠳᠠ ᠭᠡᠷ ᠪᠦᠯᠢ ᠳ᠋ᠦ᠍ᠨᠢ ᠡᠪᠳᠡᠷᠡᠯ ᠬᠠᠭᠠᠴᠠᠯ ᠪᠣᠢ ᠪᠣᠯᠭᠠᠭᠰᠠᠨ ᠨᠢ ᠪᠦᠷ ᠯᠡ ᠲᠤᠬᠠᠢ ᠶ᠋ᠢᠨ ᠦᠶ᠎ᠡ ᠳ᠋ᠦ᠍ ᠬᠡᠪᠡᠯᠢ ᠵᠢᠭᠡᠯᠡᠨ ᠬᠡᠦᠬᠡᠳ ᠠᠪᠬᠤ ᠵᠣᠷᠢᠯᠭ᠎ᠠ ᠳᠤ ᠪᠠᠨ ᠬᠦᠷᠴᠦ ᠴᠢᠳᠠᠭᠰᠠᠨ ᠦᠭᠡᠢ ᠡᠴᠡ ᠪᠣᠯᠤᠭᠰᠠᠨ ᠭᠡᠳᠡᠭ ᠢ᠋ ᠦᠵᠡᠰᠬᠦᠯᠡᠩ ᠴᠠᠭᠠᠨ᠎ᠠ ᠨᠢ ᠭᠠᠷᠲᠠᠯ᠎ᠠ ᠮᠡᠳᠡᠵᠦ ᠪᠠᠢᠵᠠᠢ᠃ 
       — ᠡᠢᠮᠦ ᠡᠴᠡ ᠲᠡᠷᠡ᠂ ᠲᠡᠭᠦᠨ ᠢ᠋ ᠠᠮᠠᠨ ᠠᠶ᠎ᠠ ᠪᠠᠷ ᠢ᠋ᠶ᠋ᠠᠨ 《ᠠᠳᠤᠭᠤᠰᠤ》ᠭᠡᠵᠦ ᠬᠠᠷᠢᠶᠠᠳᠠᠭ᠃ ᠸᠠᠩ ᠯᠠᠨ ᠬᠤᠸᠠ ᠶ᠋ᠢᠨ ᠡᠷ᠎ᠡ ᠨᠥᠬᠥᠷ ᠡᠢᠮᠦ ᠬᠥᠮᠦᠨ ᠢ᠋ᠶ᠋ᠡᠨ ᠪᠠᠷᠠᠵᠤ ᠴᠢᠨᠠᠷ ᠢ᠋ᠶ᠋ᠠᠨ ᠠᠯᠳᠠᠭᠰᠠᠨ ᠬᠡᠷᠡᠭ ᠬᠢᠬᠦ ᠶ᠋ᠢ ᠲᠡᠭᠦᠨ ᠦ᠌ ᠬᠢᠭᠰᠡᠨ ᠶᠠᠪᠤᠳᠠᠯ ᠤ᠋ᠳ ᠠ᠋ᠴᠠ ᠣᠰᠣᠯᠳᠠᠯ ᠦᠭᠡᠢ ᠲᠤᠯᠭᠠᠨ ᠪᠣᠳᠣᠭᠰᠠᠨ ᠪᠠᠢᠬᠤ᠃ ᠤᠤᠯ ᠨᠢ ᠲᠡᠷᠡ ᠬᠥᠮᠦᠨ ᠦᠷ᠎ᠡ ᠬᠡᠦᠬᠡᠳ ᠲᠡᠢ ᠪᠣᠯᠬᠤ ᠬᠤᠪᠢ ᠲᠠᠪᠢᠯᠠᠩ ᠢ᠋ᠶ᠋ᠠᠷ ᠥᠩᠭᠡᠷᠡᠦ ᠠᠨᠠᠢᠬᠠᠨ ᠪᠠᠢᠭᠰᠠᠨ ᠨᠢ ᠠᠷᠭ᠎ᠠ ᠦᠭᠡᠢ ᠦᠨᠡᠨ ᠮᠥᠷᠲᠡᠭᠡᠨ ᠰᠢᠢᠳᠪᠦᠷᠢᠯᠡᠬᠦ ᠳ᠋ᠦ᠍ ᠪᠡᠷᠬᠡ ᠲᠡᠢ ᠬᠡᠷᠡᠭ ᠪᠠᠢᠵᠠᠢ᠃ ᠭᠤᠴᠢᠭᠠᠳ ᠵᠢᠯ ᠦ᠋ᠨ ᠡᠮᠦᠨ᠎ᠡ ᠭᠠᠩᠭᠠᠩ ᠵᠠᠯᠠᠭᠤ ᠪᠠᠢᠬᠤ ᠳᠤ ᠪᠠᠨ ᠳᠤᠷᠠᠯᠠᠵᠤ ᠤᠷᠤᠭᠯᠠᠭᠰᠠᠨ ᠲᠡᠷᠡ ᠬᠡᠦᠬᠡᠨ ᠨᠢ ᠳᠠᠷᠠᠭ᠎ᠠ ᠵᠢᠯ ᠳᠦ ᠪᠡᠨ ᠲᠡᠭᠦᠨ ᠦ᠌ ᠦᠷ᠎ᠡ ᠶ᠋ᠢ ᠬᠡᠪᠡᠯᠢ ᠳᠦ ᠪᠡᠨ ᠰᠠᠭᠤᠯᠭᠠᠭᠰᠠᠨ ᠪᠠᠢᠯ᠎ᠠ᠃ ᠭᠡᠪᠡᠴᠦ ᠵᠢᠷᠮᠦᠰᠦᠨ ᠡᠴᠡ ᠰᠢᠯᠲᠠᠨ ᠡᠪᠡᠳᠴᠢᠯᠡᠵᠦ ᠠᠪᠤᠷᠠᠭᠳᠠᠰᠢ ᠦᠭᠡᠢ ᠪᠣᠯᠤᠭᠠᠳ᠂ ᠲᠠᠮᠲᠠᠷᠢᠮ᠎ᠠ ᠬᠡᠦᠬᠡᠳ ᠲᠡᠢ ᠪᠠᠢᠬᠤ ᠳᠤ ᠪᠠᠨ ᠠᠮᠢ ᠪᠠᠨ ᠠᠯᠳᠠᠬᠤ ᠳ᠋ᠤ᠌ ᠲᠡᠷᠡ ᠬᠣᠢᠨ᠎ᠠ ᠠ᠋ᠴᠠ ᠨᠢ ᠬᠡᠳᠦᠨ ᠡᠳᠦᠷ ᠡᠬᠡᠷ ᠲᠡᠳᠡᠨ ᠭᠠᠰᠢᠭᠤᠳᠠᠭᠰᠠᠨ᠃ ᠡᠨᠡ ᠭᠠᠰᠢᠭᠤᠳᠠᠯ ᠨᠢ ᠠᠯᠲᠠ ᠳ᠋ᠤᠨᠢ ᠪᠣᠯᠤᠭᠰᠠᠨ ᠶᠤᠮ ᠤᠤ?  ᠠᠪᠳᠠᠷ᠎ᠠ ᠳ᠋ᠤᠨᠢ ᠪᠣᠯᠤᠭᠰᠠᠨ ᠶᠤᠮ ᠤᠤ? ᠪᠤᠤ ᠮᠡᠳᠡ ᠭᠡᠳ ᠲᠦᠪᠰᠢᠨ ᠨᠢᠭᠡ ᠠᠶᠠᠭ᠎ᠠ ᠴᠠᠢ ᠬᠢᠵᠦ ᠠᠪᠤᠭᠠᠳ᠄ 
      — ᠡᠳᠦᠷ ᠰᠠᠷ᠎ᠠ ᠶ᠋ᠢᠨ ᠤᠳᠠᠭᠠᠨ ᠳ᠋ᠤ᠌ ᠲᠡᠭᠦᠨ ᠦ᠌ ᠰᠡᠳᠬᠢᠯ ᠰᠠᠨᠠᠭ᠎ᠠ ᠨᠢ ᠲᠠᠢᠪᠤᠰᠢᠷᠠᠨ᠂ ᠭᠤᠨᠢᠭ ᠭᠠᠰᠠᠯᠤᠯ ᠨᠢ ᠠᠷᠢᠯᠵᠤ ᠠᠮᠤᠷᠵᠢᠬᠤ ᠦᠶ᠎ᠡ ᠳ᠋ᠦ᠍ ᠳᠠᠬᠢᠭᠠᠳ ᠸᠠᠩ ᠯᠠᠨ ᠬᠤᠸᠠ ᠲᠠᠢ ᠤᠷᠤᠭᠯᠠᠭᠰᠠᠨ ᠨᠢ ᠵᠠᠶᠠᠭ᠎ᠠ ᠭᠬᠢᠷᠲᠦᠭᠰᠡᠨ ᠬᠣᠶᠠᠳᠠᠬᠢ ᠤᠳᠠᠭ᠎ᠠ ᠪᠠᠢᠵᠠᠢ᠃ ᠡᠨᠡ ᠮᠢᠬᠠᠯᠢᠭ ᠰᠢᠷ᠎ᠠ ᠬᠡᠦᠬᠡᠨ ᠲᠥᠷᠥᠯᠬᠢ ᠦᠷᠡᠵᠢᠬᠦ ᠴᠢᠳᠠᠪᠤᠷᠢ ᠦᠭᠡᠢ ᠭᠡᠳᠡᠭ ᠢ᠋ ᠤᠷᠤᠭᠯᠠᠭᠰᠠᠨ ᠤ᠋ ᠬᠣᠢᠨ᠎ᠠ ᠰᠠᠶᠢ ᠮᠡᠳᠡᠵᠡᠢ᠃ ᠲᠡᠷᠡ ᠳᠥᠴᠢ ᠲᠥᠬᠥᠭᠡ ᠨᠠᠰᠤ ᠵᠢᠯ ᠢ᠋ᠶ᠋ᠡᠨ ᠪᠣᠳᠣᠨ ᠪᠤᠭᠤᠷᠤᠯ ᠣᠷᠣᠭᠰᠠᠨ ᠵᠠᠵᠢ ᠶ᠋ᠢᠨ ᠦᠰᠦ ᠪᠡᠨ ᠲᠡᠮᠲᠡᠷᠢᠬᠦ ᠳ᠋ᠦ᠍᠂ ᠠᠷᠭ᠎ᠠ ᠦᠭᠡᠢ ᠯᠡ ᠪᠣᠳᠠᠲᠤ ᠣᠷᠴᠢᠨ ᠲᠣᠭᠣᠷᠢᠨ ᠳᠤ ᠪᠠᠨ ᠪᠠᠴᠢᠯᠠᠭᠳᠠᠨ ᠦᠷ᠎ᠡ ᠦᠨᠳᠦᠰᠦᠨ ᠦ᠌ ᠪᠡᠨ ᠲᠥᠯᠥᠭᠡ ᠰᠡᠭᠦᠷᠡᠰᠦ ᠠᠯᠲᠠᠨ ᠰᠢᠮᠰᠢᠷᠡᠳᠡᠭ ᠪᠠᠢᠵᠠᠢ᠃ ᠭᠠᠭᠴᠠ ᠬᠦᠦ ᠪᠡᠷ ᠭᠤᠷᠪᠠᠨ ᠦᠶ᠎ᠡ ᠵᠠᠯᠭᠠᠮᠵᠢᠯᠠᠭᠰᠠᠨ ᠦᠨᠳᠦᠰᠦ ᠤᠭᠰᠠᠭ᠎ᠠ ᠦᠵᠡᠲᠡᠯ᠎ᠡ ᠲᠡᠭᠦᠨ ᠦ᠌ ᠦᠶ᠎ᠡ ᠳᠡᠭᠡᠷ᠎ᠡ ᠲᠡᠰᠦᠷᠡᠮᠡᠷ ᠪᠣᠯᠬᠤ ᠳ᠋ᠤ᠌ ᠨᠡᠭᠡᠷᠡᠨ ᠤᠳᠤᠮ ᠳᠡᠭᠡᠳᠦᠰ ᠲᠦ ᠪᠡᠨ ᠬᠠᠷᠢᠭᠤᠴᠠᠯᠭ᠎ᠠ ᠠᠯᠳᠠᠭᠰᠠᠨ ᠰᠢᠭ᠋ ᠰᠠᠨᠠᠭᠳᠠᠨ᠎ᠠ᠃ ᠭᠡᠲᠡᠯ᠎ᠡ ᠲᠡᠷᠡ ᠲᠤᠬᠠᠢ ᠶ᠋ᠢᠨ ᠦᠶ᠎ᠡ ᠶ᠋ᠢᠨ ᠪᠠᠢᠷᠢ ᠰᠠᠭᠤᠷᠢ ᠪᠠᠨ ᠪᠣᠳᠣᠪᠠᠯ ᠬᠡᠦᠬᠡᠳ ᠠᠪᠬᠤ ᠶ᠋ᠢᠨ ᠲᠥᠯᠥᠭᠡ ᠳᠠᠬᠢᠭᠠᠳ ᠤᠷᠤᠭ ᠰᠠᠯᠤᠨ᠎ᠠ ᠭᠡᠭᠴᠢ ᠴᠢᠳᠠᠰᠢ ᠦᠭᠡᠢ ᠬᠡᠷᠡᠭ ᠪᠠᠢᠭᠰᠠᠨ᠃ ᠭᠡᠪᠡᠴᠦ ᠠᠮᠤᠭᠤᠯᠠᠩ ᠲᠣᠭᠲᠠᠭᠤᠨ ᠠᠭᠠᠰᠢ ᠲᠠᠢ᠂ ᠳᠣᠬᠢᠯᠭ᠎ᠠ ᠮᠠᠷᠢᠶ᠎ᠠ ᠪᠡᠶ᠎ᠡ ᠳᠦᠭᠦᠷᠡᠩ ᠲᠣᠭᠲᠠᠪᠤᠷᠢᠵᠢᠭᠰᠠᠨ ᠸᠠᠩ ᠯᠠᠨ ᠬᠤᠸᠠ ᠬᠡᠳᠦᠢ ᠪᠡᠷ ᠦᠷ᠎ᠡ ᠬᠡᠦᠬᠡᠳ ᠠᠪᠬᠤ ᠴᠢᠳᠠᠪᠤᠷᠢ ᠪᠠᠨ ᠠᠯᠳᠠᠭᠰᠠᠨ ᠴᠤ᠌ ᠠᠮᠢᠳᠤᠷᠠᠯ ᠢ᠋ᠶ᠋ᠠᠨ ᠡᠷᠬᠢᠯᠡᠨ ᠡᠷ᠎ᠡ ᠳ᠋ᠡᠭᠡᠨ ᠬᠠᠨᠳᠤᠬᠤ ᠬᠠᠯᠠᠭᠤᠨ ᠳᠤᠯᠠᠭᠠᠨ ᠣᠪᠣᠷ ᠢ᠋ ᠨᠢ ᠲᠡᠷᠡ ᠰᠡᠮᠡᠭᠡᠷᠬᠡᠨ ᠪᠢᠰᠢᠷᠡᠵᠦ ᠥᠩᠭᠡᠷᠡᠭᠰᠡᠨ ᠪᠠᠢᠬᠤ᠃ ᠲᠡᠷᠡ ᠡᠢᠮᠦᠷᠬᠦᠦ ᠪᠣᠳᠠᠲᠤ ᠠᠬᠤᠢ ᠳᠤ ᠪᠠᠨ ᠪᠠᠴᠢᠯᠠᠭᠳᠠᠬᠤ ᠦᠭᠡᠢ ᠪᠠᠢᠬᠤ ᠶ᠋ᠢᠨ ᠠᠷᠭ᠎ᠠ ᠦᠭᠡᠢ᠃ ᠲᠡᠭᠡᠭᠡᠳ ᠪᠠᠰᠠ ᠬᠥᠮᠦᠨ ᠡᠴᠡ ᠬᠡᠦᠬᠡᠳ ᠲᠡᠵᠢᠭᠡᠬᠦ ᠭᠡᠬᠦ ᠳ᠋ᠦ᠍ ᠤᠭ ᠰᠠᠨᠠᠭᠠᠨ ᠠ᠋ᠴᠠ ᠪᠠᠨ ᠳᠤᠷ᠎ᠠ ᠦᠭᠡᠢ᠃ ᠭᠡᠲᠡᠯ᠎ᠡ ᠦᠷ᠎ᠡ ᠲᠡᠢ ᠪᠣᠯᠬᠤ ᠡᠷᠡᠮᠡᠯᠵᠡᠯ ᠨᠢ ᠨᠠᠰᠤ ᠵᠢᠯ ᠢ᠋ ᠨᠢ ᠳᠠᠭᠠᠯᠳᠤᠨ ᠬᠦᠪᠦᠷᠡᠭᠰᠡᠭᠡᠷ ᠤᠯᠠᠮ ᠴᠢᠩᠭ᠎ᠠ ᠲᠤᠯᠭᠠᠮ ᠪᠣᠯᠤᠭᠰᠠᠨ ᠪᠣᠯᠤᠯᠲᠠᠢ᠃ 
       ᠦᠵᠡᠰᠬᠦᠯᠡᠩ ᠭᠡᠭᠴᠢ ᠳᠤᠮᠳᠠ ᠶ᠋ᠢᠨ ᠪᠡᠶ᠎ᠡ ᠲᠡᠢ᠂ ᠲᠣᠷᠮᠣᠭᠣᠷ ᠲᠤᠩᠭᠠᠯᠠᠭ ᠨᠢᠳᠦ ᠲᠡᠢ᠂ ᠲᠣᠭᠲᠠᠭᠤᠨ ᠪᠣᠷᠣ ᠬᠡᠦᠬᠡᠨ ᠡᠮᠨᠡᠯᠭᠡ ᠳ᠋ᠦ᠍ ᠢᠷᠡᠭᠡᠳ ᠤᠳᠠᠭᠰᠠᠨ ᠥᠬᠡᠢ ᠸᠠᠩ ᠯᠠᠨ ᠬᠤᠸᠠ ᠲᠠᠢ ᠨᠠᠯᠢᠭ ᠳᠣᠲᠣᠨᠣ ᠨᠠᠢᠵᠠᠯᠠᠨ ᠭᠡᠷ ᠣᠷᠣᠨ ᠢ᠋ᠶ᠋ᠠᠷ ᠨᠢ ᠦᠷᠭᠦᠯᠵᠢ ᠢᠷᠡᠭᠰᠡᠭᠡᠷ ᠪᠠᠢᠵᠤ ᠲᠡᠭᠦᠨ ᠲᠡᠢ ᠵᠠᠭᠤᠢ ᠰᠠᠢᠨ ᠬᠠᠷᠢᠴᠠᠭ᠎ᠠ ᠲᠠᠢ ᠪᠣᠯᠬᠤ ᠳ᠋ᠤ᠌᠂ ᠦᠷ᠎ᠡ ᠬᠡᠦᠬᠡᠳ ᠲᠡᠢ ᠪᠣᠯᠬᠤ ᠶ᠋ᠢᠨ ᠬᠦᠰᠡᠯ ᠪᠣᠯᠵᠤ ᠪᠠᠢᠭᠰᠠᠨ ᠲᠡᠭᠦᠨ ᠳ᠋ᠦ᠍ ᠮᠠᠭᠤ ᠰᠠᠨᠠᠭ᠎ᠠ ᠲᠥᠷᠥᠭᠳᠡᠵᠦ᠂ ᠵᠠᠪᠰᠢᠶᠠᠨ ᠲᠠᠭᠠᠷᠠᠪᠠᠯ ᠬᠡᠪᠡᠯᠢ ᠶ᠋ᠢ ᠨᠢ ᠵᠢᠭᠡᠯᠡᠨ ᠬᠡᠦᠬᠡᠳ ᠠᠪᠬᠤ ᠭᠡᠰᠡᠨ ᠲᠥᠯᠥᠪᠯᠡᠭᠡ ᠲᠡᠢ ᠪᠣᠯᠵᠠᠢ᠃ ᠲᠡᠷᠡ ᠥᠪᠡᠷ ᠦ᠋ᠨ ᠲᠥᠯᠥᠪᠯᠡᠭᠡ ᠪᠡᠨ ᠮᠡᠷᠭᠡᠨ ᠳ᠋ᠦ᠍ ᠲᠣᠭᠠᠴᠠᠨ ᠪᠡᠶᠡᠯᠡᠭᠦᠯᠬᠦ ᠪᠡᠷ ᠤᠷᠤᠯᠳᠤᠵᠤ᠂ ᠲᠣᠬᠢᠶᠠᠯ ᠲᠠᠭᠠᠷᠠᠪᠠᠯ ᠲᠣᠭᠯᠠᠭᠠᠮ ᠨᠠᠭᠠᠳᠤᠮ ᠢ᠋ᠶ᠋ᠠᠷ ᠬᠠᠯᠬᠠᠪᠴᠢᠯᠠᠨ ᠳᠡᠭᠡᠷ᠎ᠡ ᠳᠣᠣᠷ᠎ᠠ ᠨᠢ ᠭᠠᠷ ᠬᠤᠷᠤᠭᠤ ᠪᠠᠨ ᠬᠦᠷᠭᠡᠭᠡᠳ ᠠᠪᠳᠠᠭ᠃ ᠲᠡᠭᠡᠬᠦ ᠳ᠋ᠦ᠍ᠨᠢ ᠦᠵᠡᠰᠬᠦᠯᠡᠩ ᠠᠷᠭ᠎ᠠ ᠦᠭᠡᠢ ᠯᠡ ᠲᠡᠰᠪᠦᠷᠢᠯᠡᠨ ᠥᠩᠭᠡᠷᠡᠭᠡᠬᠦ ᠳ᠋ᠦ᠍᠂ ᠲᠡᠷᠡ ᠬᠠᠷᠢᠨ ᠡᠨᠡ ᠬᠡᠦᠬᠡᠨ ᠣᠪᠣᠭ᠎ᠠ ᠠᠶ᠎ᠠ ᠪᠠᠷ ᠪᠠᠢᠨ᠎ᠠ ᠭᠡᠵᠦ ᠡᠨᠳᠡᠭᠦᠦ ᠪᠡᠷ ᠣᠢᠯᠠᠭᠠᠨ᠂ ᠪᠣᠯᠴᠢᠬᠠᠬᠤ ᠴᠤ᠌ ᠮᠠᠭᠠᠳ ᠦᠭᠡᠢ ᠭᠡᠮᠡᠨ ᠰᠡᠮᠡᠬᠡᠷ ᠪᠣᠳᠣᠳᠠᠭ ᠪᠣᠯᠵᠠᠢ᠃ 
       — ᠭᠡᠲᠡᠯ᠎ᠡ ᠲᠡᠷᠡ ᠨᠢᠭᠤᠴᠠ ᠲᠥᠯᠥᠪᠯᠡᠭᠡ ᠪᠡᠨ ᠦᠵᠡᠰᠬᠦᠯᠡᠩ ᠳ᠋ᠦ᠍ ᠰᠡᠮᠡᠭᠡᠷᠬᠡᠨ ᠰᠢᠪᠡᠨᠡᠭᠡᠳ ᠬᠡᠷᠡᠭ ᠲᠦ᠍ ᠬᠦᠷᠦᠭᠰᠡᠨ ᠦᠭᠡᠢ ᠳ᠋ᠦ᠍ ᠵᠠᠯᠭᠠᠭᠠᠳ ᠵᠥᠭᠡᠯᠡᠨ ᠬᠠᠲᠠᠭᠤ ᠢᠯᠡ ᠳᠠᠯᠳᠠ ᠠᠷᠭ᠎ᠠ ᠪᠠᠰᠢᠷ ᠬᠡᠷᠡᠭᠯᠡᠵᠦ ᠡᠬᠢᠯᠡᠵᠡᠢ᠃ ᠢᠩᠭᠢᠭᠡᠳ ᠲᠡᠷᠡ ᠨᠢᠭᠡ ᠰᠥᠨᠢ ᠶ᠋ᠢᠨ ᠭᠦᠨ ᠳ᠋ᠦ᠍ ᠦᠵᠡᠰᠬᠦᠯᠡᠩ ᠢ᠋ ᠳ᠋ᠢᠶᠠᠩᠬᠤᠸᠠ ᠪᠠᠷ ᠳᠠᠭᠤᠳᠠᠨ ᠠᠪᠴᠢᠷᠠᠵᠤ ᠬᠠᠷ᠎ᠠ ᠬᠦᠴᠦ ᠪᠡᠷ ᠲᠦᠷᠢᠬᠦ ᠪᠡᠷ ᠣᠷᠣᠯᠳᠣᠭᠰᠠᠨ ᠨᠢ ᠪᠣᠯᠠᠢ ᠶᠠᠷᠰᠢᠭ ᠲᠠᠲᠠᠵᠤ ᠪᠢᠯᠡ᠃ 
       ᠲᠥᠪ ᠴᠢᠬᠡᠴᠢ ᠵᠠᠩ ᠲᠠᠢ ᠦᠵᠡᠰᠬᠦᠯᠡᠩ ᠡᠷᠬᠡ ᠶ᠋ᠢᠨ ᠤᠪᠠᠳᠢᠰ ᠠᠯᠤᠰ ᠲᠤᠨᠢ ᠬᠣᠣᠷ ᠬᠥᠨᠥᠭᠡᠯ ᠤᠴᠠᠷᠠᠭᠤᠯᠵᠤ ᠮᠡᠳᠡᠬᠦ ᠶ᠋ᠢ ᠣᠭᠲᠣᠬᠠᠨ ᠴᠤ᠌ ᠪᠣᠳᠣᠯ ᠦᠭᠡᠢ ᠪᠡᠷ ᠡᠪᠯᠡᠷᠡᠰᠢ ᠦᠭᠡᠢ ᠡᠰᠡᠷᠭᠦᠴᠡᠨ᠂ ᠦᠬᠦᠨ ᠵᠢᠭᠰᠢᠵᠦ ᠪᠤᠯᠲᠠᠭᠰᠠᠨ ᠠ᠋ᠴᠠ ᠡᠳᠡᠨ ᠦ᠌ ᠬᠣᠭᠣᠷᠣᠨᠳᠣ ᠥᠨᠢᠳᠡ ᠠᠯᠳᠠᠷᠠᠰᠢ ᠦᠭᠡᠢ ᠥᠪᠡᠷ ᠥᠪᠡᠷ ᠢ᠋ᠶ᠋ᠡᠨ ᠯᠡ ᠮᠡᠳᠡᠯᠴᠡᠬᠦ ᠢᠴᠢᠭᠦᠷᠢ ᠬᠣᠷᠣᠰᠤᠯ ᠵᠠᠩᠭᠢᠷᠠᠵᠠᠢ᠃ ᠬᠣᠷᠢᠭᠠᠳ ᠵᠢᠯ ᠦ᠋ᠨ ᠲᠤᠷᠰᠢ ᠠᠬᠢᠨ ᠳᠠᠬᠢᠨ ᠬᠣᠣᠷ ᠬᠢᠯᠢᠰ ᠠᠮᠰᠠᠭᠰᠠᠨ ᠡᠬᠢ ᠰᠢᠯᠲᠠᠭᠠᠨ ᠡᠨᠳᠡ ᠡᠴᠡ ᠡᠬᠢᠯᠡᠭᠰᠡᠨ ᠢ᠋ ᠦᠵᠡᠰᠬᠦᠯᠡᠩ ᠬᠡᠳᠦᠢ ᠪᠡᠷ ᠳᠣᠲᠣᠷ᠎ᠠ ᠪᠠᠨ ᠭᠡᠢᠲᠡᠯ᠎ᠡ ᠮᠡᠳᠡᠵᠦ ᠪᠠᠢᠭᠰᠠᠨ ᠴᠤ᠌ ᠬᠠᠷᠢᠭᠤᠴᠠᠬᠤ ᠠᠷᠭ᠎ᠠ ᠦᠭᠡᠢ ᠳᠦ ᠪᠡᠨ ᠰᠢᠲᠦ ᠪᠡᠨ ᠵᠠᠭᠤᠨ ᠥᠩᠭᠡᠷᠡᠵᠦ᠂ ᠲᠣᠪ ᠳᠤᠭᠤᠢ ᠲᠡᠰᠪᠦᠷᠢᠯᠡᠭᠰᠡᠭᠡᠷ ᠪᠠᠶᠢᠭᠰᠠᠨ ᠲᠤᠯᠠ ᠡᠨᠡ ᠨᠢ ᠡᠴᠦᠰ ᠲᠤ ᠪᠠᠨ ᠬᠡᠨ ᠳ᠋ᠦ᠍ ᠴᠤ᠌ ᠤᠢᠢᠯᠠᠭᠠᠳᠠᠬᠤ ᠦᠭᠡᠢ ᠨᠢᠭᠤᠴᠠ ᠪᠣᠯᠵᠤ ᠡᠳᠦᠢ ᠴᠢᠨᠡᠭᠡᠨ ᠵᠢᠯ ᠳᠠᠷᠤᠭᠳᠠᠭᠰᠠᠨ ᠪᠠᠢᠨ᠎ᠠ ᠭᠡᠳ ᠲᠦᠪᠰᠢᠨ ᠦᠭᠡ ᠪᠡᠨ ᠵᠠᠪᠰᠠᠷᠯᠠᠵᠠᠢ᠃ ᠲᠡᠭᠡᠭᠡᠳ ᠲᠡᠷᠡ ᠨᠢᠭᠡ ᠰᠠᠢᠨ ᠰᠤᠨᠢᠶᠠᠵᠤ ᠠᠪᠤᠭᠠᠳ᠄
       — ᠦᠵᠡᠰᠬᠦᠯᠡᠩ ᠥᠩᠭᠡᠷᠡᠭᠰᠡᠨ ᠦ᠌ ᠠᠷᠪᠠᠭᠠᠳ ᠵᠢᠯ ᠦ᠋ᠨ ᠲᠤᠷᠰᠢ ᠲᠡᠷᠡ 《ᠨᠣᠶᠠᠨ》 ᠤ᠋ ᠬᠠᠲᠠᠭᠤ ᠠᠷᠭᠠᠳᠠᠯ᠂ ᠵᠥᠭᠡᠯᠡᠨ ᠨᠤᠬᠤᠯᠲᠠ ᠳ᠋ᠤ᠌ ᠠᠷᠠᠭ᠎ᠠ ᠪᠠᠨ ᠵᠠᠭᠤᠨ ᠲᠡᠰᠪᠦᠷᠢᠯᠡᠬᠦ ᠡᠴᠡ ᠥᠭᠡᠷ᠎ᠡ ᠴᠢᠳᠠᠯ ᠦᠭᠡᠢ ᠪᠠᠢᠵᠠᠢ᠃ ᠭᠡᠲᠡᠯ᠎ᠡ ᠡᠨᠡ ᠬᠡᠦᠬᠡᠳ ᠢ᠋ ᠲᠠᠨᠢᠭᠰᠠᠨ ᠤ᠋ ᠳᠠᠷᠠᠭ᠎ᠠ᠂ ᠲᠡᠷᠡ 《ᠨᠣᠶᠠᠨ》 ᠨᠢᠭᠡ ᠬᠡᠦᠬᠡᠳ ᠲᠡᠢ ᠪᠣᠯᠬᠤ ᠶ᠋ᠢ ᠡᠳᠦᠷ ᠰᠥᠨᠢ ᠦᠭᠡᠢ ᠬᠦᠰᠡᠳᠡᠭ ᠪᠠᠢᠭᠰᠠᠨ ᠪᠠᠢᠬᠤ᠂ ᠭᠡᠲᠡᠯ᠎ᠡ ᠡᠬᠡᠨᠡᠷ ᠨᠢ ᠲᠥᠷᠥᠬᠦ ᠦᠭᠡᠢ᠃ ᠬᠥᠮᠦᠨ ᠦ᠌ ᠬᠡᠦᠬᠡᠳ ᠢ᠋ ᠲᠡᠵᠢᠭᠡᠬᠦ ᠪᠠᠰᠠ ᠳᠤᠷ᠎ᠠ ᠦᠭᠡᠢ᠃ ᠢᠩᠭᠢᠭᠡᠳ ᠡᠯᠳᠡᠪ ᠠᠷᠭ᠎ᠠ ᠪᠠᠨ ᠵᠠᠷᠤᠭᠠᠳ ᠪᠦᠲᠦᠬᠦ ᠦᠭᠡᠢ ᠪᠣᠯᠬᠤ ᠳ᠋ᠤ᠌ ᠡᠴᠦᠰ ᠲᠤ ᠪᠠᠨ ᠪᠤᠰᠤᠳ ᠡᠮᠡᠭᠲᠡᠢ ᠲᠡᠢ ᠰᠠᠳᠤᠷᠯᠠᠵᠤ ᠪᠠᠢᠭᠠᠳ ᠬᠡᠦᠬᠡᠳ ᠲᠡᠢ ᠪᠣᠯᠬᠤ ᠶ᠋ᠢ ᠬᠦᠰᠡᠭᠰᠡᠨ᠃ ᠲᠡᠭᠡᠬᠦ ᠳ᠋ᠦ᠍ ᠨᠠᠮ᠎ᠠ ᠶᠢ ᠠᠰᠢᠭᠯᠠᠬᠤ ᠭᠡᠳ ᠴᠢᠳᠠᠭᠰᠠᠨ ᠦᠭᠡᠢ᠃ ᠡᠷᠭᠢᠭᠡᠳ ᠡᠦ ᠹᠧᠩ ᠮᠧᠢ ᠶ᠋ᠢ ᠭᠣᠬᠠᠳᠠᠭᠠᠳ ᠵᠣᠷᠢᠯᠭ᠎ᠠ ᠳᠤ ᠪᠠᠨ ᠬᠦᠷᠦᠭᠰᠡᠨ ᠪᠠᠢᠨ᠎ᠠ ᠰᠢᠦ ᠭᠡᠵᠦ ᠪᠣᠳᠣᠵᠤ ᠲᠤᠯᠭᠠᠭᠰᠠᠨ ᠨᠢ ᠯᠠᠪᠲᠠᠢ ᠭᠡᠳ ᠲᠦᠪᠰᠢᠨ ᠰᠠᠭᠤᠳᠠᠯ ᠠ᠋ᠴᠠ ᠪᠠᠨ ᠪᠣᠰᠴᠤ ᠵᠣᠭᠰᠣᠨ ᠨᠠᠭᠠᠰᠢ ᠴᠠᠭᠠᠰᠢ ᠬᠡᠳᠦ ᠡᠷᠭᠢᠴᠡᠭᠡᠳ᠄ 
       — ᠦᠵᠡᠰᠬᠦᠯᠡᠩ ᠡᠳᠡᠭᠡᠷ ᠢ᠋ ᠪᠣᠳᠣᠬᠤ ᠳᠤ ᠪᠠᠨ᠂ ᠢᠯᠠᠩᠭᠤᠶ᠎ᠠ ᠲᠥᠷᠥᠭᠰᠡᠨ ᠬᠦᠦ ᠶ᠋ᠢ ᠨᠢ ᠲᠡᠭᠡᠵᠦ ᠦᠷᠡᠭᠳᠡᠯ ᠦ᠋ᠨ ᠡᠳ᠋ ᠪᠣᠯᠭᠠᠨ ᠬᠣᠣᠷᠯᠠᠭᠰᠠᠨ ᠵᠢᠴᠢ ᠲᠡᠭᠦᠨ ᠢ᠋ ᠤᠳᠠᠭᠠᠨ ᠵᠢᠯ ᠦ᠋ᠨ ᠲᠤᠷᠰᠢ ᠡᠯᠳᠡᠪ ᠢ᠋ᠶ᠋ᠡᠷ ᠭᠠᠳᠠᠭᠤᠷᠴᠢᠯᠠᠵᠤ᠂ ᠪᠠᠰᠤᠮᠵᠢᠯᠠᠵᠤ ᠥᠩᠭᠡᠷᠡᠭᠰᠡᠨ ᠵᠡᠷᠭᠡ ᠶ᠋ᠢ ᠪᠣᠳᠣᠬᠤ ᠳ᠋ᠤ᠌ ᠨᠡᠭᠡᠷᠡᠨ ᠬᠥᠮᠦᠨ ᠲᠥᠷᠥᠯᠬᠢᠲᠡᠨ ᠦ᠌ ᠢᠴᠢᠭᠦᠷᠢ ᠶ᠋ᠢᠨ ᠲᠤᠢᠯ ᠳ᠋ᠤ᠌ ᠬᠦᠷᠦᠭᠰᠡᠨ ᠰᠢᠭ ᠰᠠᠨᠠᠭᠳᠠᠵᠠᠢ᠃  ᠁ᠢᠩᠭᠢᠬᠦᠯ᠎ᠡ ᠦᠵᠡᠰᠬᠦᠯᠡᠩ ᠵᠣᠷᠢᠭ ᠰᠢᠭᠤᠳᠤᠨ ᠥᠪᠡᠷ ᠦ᠋ᠨ ᠣᠯᠵᠤ ᠮᠡᠳᠡᠭᠰᠡᠨ ᠨᠢᠭᠤᠴᠠ ᠪᠠᠨ ᠠᠰᠢᠭᠯᠠᠨ ᠲᠡᠷᠡ《ᠨᠣᠶᠠᠨ》 ᠭᠡᠭᠴᠢ ᠶ᠋ᠢ ᠠᠯᠪᠠᠲᠠᠨ ᠰᠦᠷᠳᠡᠭᠦᠯᠵᠦ ᠪᠠᠢᠭᠠᠳ ᠥᠪᠡᠷ ᠦ᠋ᠨ ᠵᠣᠷᠢᠯᠭ᠎ᠠ ᠳᠤ ᠪᠠᠨ ᠬᠦᠷᠬᠦ ᠪᠡᠷ ᠪᠣᠳᠣᠵᠠᠢ᠃  
       ᠲᠦᠪᠰᠢᠨ᠂ ᠬᠥᠬᠡᠲᠤᠯᠢ ᠬᠣᠶᠠᠭᠤᠯᠠ ᠡᠨᠳᠡ ᠬᠦᠷᠲᠡᠯ᠎ᠡ ᠶᠠᠷᠢᠯᠴᠠᠬᠤ ᠳ᠋ᠤ᠌ ᠨᠢᠭᠡᠨᠲᠡ ᠰᠥᠨᠢ ᠶ᠋ᠢᠨ ᠬᠣᠶᠠᠷ ᠴᠠᠭ ᠳᠥᠭᠥᠭᠰᠡᠨ ᠡᠴᠡ ᠦᠭᠡ ᠪᠡᠨ ᠵᠣᠭᠰᠣᠭᠠᠳ ᠤᠨᠲᠠᠬᠤ ᠯᠠ ᠬᠡᠷᠡᠭ ᠪᠣᠯᠵᠠᠢ᠃ 

             ᠤᠩᠰᠢᠭᠰᠠᠨ ᠨᠢ᠄ ᠴᠡᠴᠡᠭᠮ᠎ᠡ