ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢ> Хялгасан дөрөөн дээр – Хасвулаг зохиов <30> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢ> Хялгасан дөрөөн дээр – Хасвулаг зохиов <30>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢ> Хялгасан дөрөөн дээр – Хасвулаг зохиов <30>

ᠠᠩᠭᠢᠯᠠᠯ:ᠲᠤᠭᠤᠵᠢ ᠷᠣᠮᠠᠨ
2026-03-02

102

ᠬᠢᠯᠭᠠᠰᠤᠨ ᠳᠥᠷᠥᠭᠡᠨ ᠳᠡᠭᠡᠷ᠎ᠡ - <ᠭᠤᠴᠢ>


                ᠭᠤᠴᠢ 

       ᠬᠥᠬᠡᠲᠤᠯᠢ ᠨᠢᠭᠡ ᠦᠭᠡ ᠴᠦ᠍ ᠳᠤᠤᠭᠠᠷᠬᠤ ᠳᠤᠷ᠎ᠠ ᠦᠭᠡᠢ᠃  ᠳᠣᠲᠣᠷ᠎ᠠ ᠨᠢ ᠵᠥᠷᠢᠴᠡᠯ ᠢ᠋ᠶ᠋ᠡᠷ ᠳᠥᠭᠥᠷᠦᠨ ᠡᠯᠳᠡᠪ ᠦ᠋ᠨ ᠶᠠᠭᠤᠮ᠎ᠠ ᠪᠣᠳᠣᠭᠳᠠᠨ᠎ᠠ᠃ 
       ᠤᠤᠯ ᠨᠢ ᠪᠣᠯᠤᠷᠴᠠᠭᠠᠨ ᠤ᠋ ᠬᠡᠷᠡᠭ ᠢ᠋ ᠲᠡᠷᠡ ᠭᠠᠷᠳᠠᠨ ᠪᠠᠢᠴᠠᠭᠠᠵᠠᠢ᠃  ᠲᠡᠷᠡ ᠮᠥᠷᠲᠡᠭᠡᠨ ᠮᠠᠰᠢ ᠤᠷᠤᠭᠰᠢᠲᠠᠢ ᠶᠠᠪᠤᠭᠳᠠᠭᠰᠠᠨ ᠲᠤᠯᠠ ᠳᠡᠮᠡᠢ ᠤᠳᠠᠭᠰᠠᠨ ᠦᠭᠡᠢ ᠭᠡᠷᠡᠴᠢ ᠪᠠᠷᠢᠮᠲᠠ ᠪᠦᠷᠢᠳᠦᠭᠦᠯᠦᠨ᠂ ᠶᠠᠯ᠎ᠠ ᠲᠣᠭᠲᠠᠭᠠᠨ ᠳᠡᠭᠡᠭᠰᠢ ᠮᠡᠳᠡᠭᠦᠯᠵᠦ ᠪᠢᠯᠡ᠃ ᠭᠡᠲᠡᠯ᠎ᠡ ᠡᠷᠡᠭᠦᠦ ᠲᠤᠯᠭᠠᠬᠤ ᠠ᠋ᠴᠠ ᠡᠮᠦᠨᠡᠬᠢ ᠬᠡᠳᠦᠨ ᠰᠧᠺᠦ᠋ᠨ᠋ᠳ᠋ ᠲᠦ᠍ ᠰᠠᠨᠠᠮᠰᠠᠷ ᠦᠭᠡᠢ ᠬᠡᠷᠡᠭ ᠡᠭᠦᠰᠴᠦ᠂ ᠪᠣᠯᠤᠷᠴᠠᠭᠠᠨ ᠢ᠋ ᠴᠠᠭᠠᠵᠠ ᠶᠢᠨ ᠲᠠᠯᠠᠪᠠᠢ ᠠ᠋ᠴᠠ ᠪᠤᠴᠠᠭᠠᠨ ᠠᠪᠴᠢᠷᠠᠬᠤ ᠳ᠋ᠤ᠌ ᠬᠥᠬᠡᠲᠤᠯᠢ ᠢᠯᠡᠭᠦᠴᠡ ᠬᠡᠷᠡᠭ ᠭᠡᠵᠦ ᠪᠣᠳᠣᠵᠤ ᠪᠠᠢᠯ᠎ᠠ᠃ ᠲᠦᠪᠰᠢᠨ ᠢ᠋ ᠲᠠᠬᠢᠵᠤ ᠡᠨᠡ ᠬᠡᠷᠡᠭ ᠢ᠋ ᠪᠦᠬᠦ ᠲᠠᠯ᠎ᠠ ᠪᠠᠷ ᠪᠠᠢᠴᠠᠭᠠᠨ ᠮᠥᠷᠳᠡᠬᠦ ᠳ᠋ᠦ᠍ ᠲᠡᠷᠡ ᠢᠳᠡᠪᠬᠢᠲᠡᠢ ᠳᠡᠮᠵᠢᠬᠦ ᠦᠭᠡᠢ ᠮᠥᠷᠲᠡᠭᠡᠨ ᠰᠠᠨᠠᠭᠠᠨ ᠳᠤ ᠪᠠᠨ ᠴᠦ᠍ ᠠᠪᠬᠤ ᠳᠤᠷ᠎ᠠ ᠦᠭᠡᠢ ᠪᠠᠢᠪᠠ᠃ ᠭᠡᠪᠡᠴᠦ ᠡᠨᠡ ᠬᠦ᠌ ᠬᠡᠷᠡᠭ ᠳᠡᠭᠡᠷ᠎ᠡ ᠡᠢᠮᠦ ᠣᠯᠠᠨ ᠶᠠᠷᠰᠢᠭ ᠪᠤᠳᠤᠯᠢᠶᠠᠨ ᠤᠴᠠᠷᠠᠨ᠎ᠠ ᠭᠡᠵᠦ ᠲᠡᠷᠡ ᠣᠭᠲᠣ ᠪᠣᠳᠣᠵᠤ ᠣᠯᠤᠭᠰᠠᠨ ᠦᠭᠡᠢ ᠪᠠᠢᠵᠠᠢ᠃ 
       ᠢᠯᠠᠩᠭᠤᠶ᠎ᠠ ᠢᠩᠭᠢᠵᠦ ᠬᠡᠷᠡᠭ ᠤᠷᠪᠠᠭᠠᠳ ᠦᠨᠳᠦᠰᠦᠨ ᠡᠷᠭᠢᠯᠲᠡ ᠭᠠᠷᠤᠨ᠎ᠠ ᠭᠡᠵᠦ ᠵᠡᠭᠦᠳᠦᠨ ᠳ᠋ᠦ᠍ᠨᠢ ᠴᠦ᠍ ᠣᠷᠣᠭᠰᠠᠨ ᠦᠭᠡᠢ ᠠᠵᠢ᠃ ᠭᠡᠰᠡᠨ ᠴᠦ᠍ ᠲᠡᠷᠡ ᠠᠩᠬᠠᠨ ᠳᠤ ᠪᠠᠨ ᠪᠣᠯᠤᠷᠴᠠᠭᠠᠨ᠂ ᠡᠬᠡᠨᠡᠷ ᠢ᠋ᠶ᠋ᠡᠨ ᠠᠯᠠᠬᠤ ᠳ᠋ᠤ᠌ ᠴᠠᠭᠠᠲᠠᠢ ᠨᠢ ᠯᠠ‍ᠪ ᠨᠢᠭᠡ ᠵᠣᠷᠢᠯᠭ᠎ᠠ ᠪᠠᠢᠬᠤ ᠶᠣᠰᠣᠲᠠᠢ ᠭᠡᠵᠦ ᠪᠣᠳᠣᠯᠬᠢᠯᠠᠵᠤ ᠥᠩᠭᠡᠷᠡᠵᠡᠢ᠃ ᠡᠢᠮᠦ ᠨᠠᠷᠢᠨ ᠪᠡᠯᠡᠳᠬᠡᠯ ᠲᠥᠯᠥᠪᠯᠡᠭᠡ ᠲᠡᠢ ᠪᠡᠷ ᠡᠬᠡᠨᠡᠷ ᠢ᠋ᠶ᠋ᠡᠨ ᠬᠣᠣᠷᠯᠠᠭᠰᠠᠨ ᠠ᠋ᠴᠠ ᠦᠵᠡᠬᠦ ᠳ᠋ᠦ᠍ ᠡᠷ᠎ᠡ ᠡᠮ᠎ᠡ ᠶ᠋ᠢᠨ ᠡᠩ ᠦ᠋ᠨ ᠡᠪᠳᠡᠷᠡᠯᠴᠡᠯ᠂ ᠬᠠᠢᠷ᠎ᠠ ᠳᠤᠷᠠᠯᠠᠯ ᠤ᠋ᠨ ᠬᠠᠭᠠᠴᠠᠯ᠂ ᠨᠢᠭᠡ ᠴᠠᠭ ᠤ᠋ᠨ ᠠᠭᠤᠷ ᠬᠢᠯᠢᠩ ᠢ᠋ᠶ᠋ᠡᠷ ᠭᠠᠷ ᠠᠯᠳᠠᠭᠰᠠᠨ ᠶᠠᠪᠤᠳᠠᠯ ᠣᠭᠲᠣ ᠪᠢᠰᠢ᠂ ᠯᠠ‍ᠪ ᠨᠢᠭᠡᠨ ᠨᠢᠭᠤᠴᠠ ᠬᠠᠷᠢᠴᠠᠭ᠎ᠠ ᠬᠣᠯᠪᠣᠭ᠎ᠠ᠂ ᠤᠴᠢᠷ ᠰᠢᠯᠲᠠᠭᠠᠨ ᠪᠠᠢᠨ᠎ᠠ ᠭᠡᠵᠦ ᠣᠯᠠᠨ ᠤᠳᠠᠭ᠎ᠠ ᠪᠣᠳᠣᠵᠠᠢ᠃  
       ᠡᠨᠡ ᠬᠦ᠌ ᠨᠢᠭᠤᠴᠠ ᠶ᠋ᠢ ᠢᠯᠡᠷᠡᠭᠦᠯᠬᠦ ᠶ᠋ᠢᠨ ᠲᠥᠯᠥᠭᠡ ᠪᠣᠯᠤᠷᠴᠠᠭᠠᠨ ᠠ᠋ᠴᠠ ᠣᠯᠠᠨ ᠤᠳᠠᠭ᠎ᠠ ᠮᠥᠷᠳᠡᠨ ᠪᠠᠢᠴᠠᠭᠠᠵᠤ ᠰᠢᠭᠦᠵᠦ ᠠᠰᠠᠭᠤᠭᠰᠠᠨ ᠪᠣᠯᠪᠠᠴᠤ ᠲᠡᠷᠡ ᠨᠢᠭᠡ ᠦᠭᠡ ᠴᠦ᠍ ᠪᠤᠯᠲᠠᠢᠯᠭᠠᠭᠰᠠᠨ ᠦᠭᠡᠢ ᠲᠠᠭ ᠳᠤᠭᠤᠢ ᠥᠩᠭᠡᠷᠡᠪᠡ᠃  
       ᠬᠠᠤᠯᠢ ᠶ᠋ᠢᠨ ᠵᠤᠷᠪᠤᠰ ᠢ᠋ᠶ᠋ᠠᠷ ᠬᠢᠨᠠᠬᠤ ᠳ᠋ᠤ᠌᠂ ᠲᠡᠭᠦᠨ ᠦ᠌ ᠡᠬᠡᠨᠡᠷ ᠢ᠋ᠶ᠋ᠡᠨ ᠬᠣᠣᠷᠯᠠᠭᠰᠠᠨ ᠭᠡᠷᠡᠴᠢ ᠪᠠᠷᠢᠮᠲᠠ ᠨᠢ ᠶᠡᠬᠡ ᠲᠥᠯᠥᠪ ᠪᠦᠷᠢᠯᠳᠦᠭᠰᠡᠨ ᠪᠣᠯᠬᠣᠷ ᠵᠠᠪᠠᠯ ᠰᠢᠨ᠎ᠡ ᠭᠡᠷᠡᠴᠢ ᠪᠠᠷᠢᠮᠲᠠ ᠭᠠᠷᠭᠠᠨ᠎ᠠ ᠭᠡᠵᠦ ᠣᠷᠣᠯᠳᠣᠬᠤ ᠨᠢ ᠪᠣᠯᠤᠷᠴᠠᠭᠠᠨ ᠤ᠋ ᠳᠠᠬᠢᠨ ᠳᠠᠪᠲᠠᠨ ᠪᠠᠲᠤᠯᠠᠨ ᠬᠡᠯᠡᠭᠰᠡᠨ ᠠᠮᠠᠨ ᠥᠴᠢᠭ ᠢ᠋ᠶ᠋ᠡᠷ ᠪᠣᠯᠭᠠᠬᠤ ᠶ᠋ᠢ ᠬᠦᠷᠬᠦ ᠦᠭᠡᠢ ᠭᠡᠵᠦ ᠪᠣᠳᠣᠵᠠᠢ᠃  
       ᠣᠷᠴᠢᠮ ᠳ᠋ᠤ᠌ ᠲᠦᠪᠰᠢᠨ ᠢ᠋ ᠳᠠᠭᠠᠵᠤ ᠳᠠᠬᠢᠨ ᠪᠠᠢᠴᠠᠭᠠᠯᠲᠠ ᠬᠢᠬᠦ ᠳᠦ ᠪᠡᠨ ᠵᠠᠷᠢᠮ ᠳᠤ ᠪᠠᠨ ᠴᠢᠬᠢ ᠪᠡᠨ ᠢᠲᠡᠭᠡᠬᠦ ᠦᠭᠡᠢ ᠬᠡᠮᠵᠢᠶᠡᠨ ᠳ᠋ᠦ᠍ ᠬᠦᠷᠴᠦ᠂ ᠵᠠᠷᠢᠮ ᠳᠤ ᠪᠠᠨ ᠪᠣᠯᠤᠷᠴᠠᠭᠠᠨ᠂ ᠡᠦ ᠹᠧᠩ ᠮᠧᠢ ᠬᠣᠶᠠᠭᠤᠯᠠ ᠶ᠋ᠢ ᠮᠡᠳᠡᠷᠡᠯ ᠳ᠋ᠦ᠍ᠨᠢ ᠭᠡᠮ ᠭᠠᠷᠤᠭᠠᠳ᠂ ᠰᠣᠯᠢᠶ᠎ᠠ ᠭᠠᠯᠵᠠᠭᠤ ᠶᠠᠷᠢᠵᠤ ᠪᠠᠢᠨ᠎ᠠ ᠭᠡᠵᠦ ᠰᠡᠵᠢᠭᠯᠡᠮᠡᠷ ᠪᠣᠯᠳᠠᠭ ᠪᠠᠢᠯ᠎ᠠ᠃  
       ᠭᠡᠲᠡᠯ᠎ᠡ ᠲᠢᠩᠬᠢᠮ ᠦ᠋ᠨ ᠳᠠᠷᠤᠭ᠎ᠠ ᠲᠦᠪᠰᠢᠨ ᠶᠠᠭ ᠯᠠ ᠳᠡᠷᠭᠡᠳᠡ ᠨᠢ ᠪᠠᠢᠭᠰᠠᠨ ᠮᠡᠲᠦ ᠨᠢᠭᠡ ᠨᠢᠭᠡ ᠭᠡᠷᠡᠴᠢ᠂ ᠵᠤᠷᠪᠤᠰ ᠵᠤᠷᠪᠤᠰ ᠪᠠᠷᠢᠮᠲᠠ ᠪᠠᠷ ᠲᠤᠯᠭᠠᠬᠤ ᠳ᠋ᠤ᠌ ᠪᠣᠯᠤᠷᠴᠠᠭᠠᠨ ᠴᠦ᠍ ᠠᠷᠭ᠎ᠠ ᠦᠭᠡᠢ ᠪᠣᠯᠬᠤ ᠳᠤ ᠪᠠᠨ ᠨᠢᠭᠤᠴᠠ ᠬᠠᠷᠢᠴᠠᠭ᠎ᠠ ᠪᠠᠨ ᠭᠠᠷᠭᠠᠵᠤ ᠬᠡᠯᠡᠭᠰᠡᠨ ᠨᠢ ᠦᠵᠡᠰᠬᠦᠯᠡᠩ ᠦ᠋ᠨ ᠬᠣᠣᠷᠯᠠᠭᠳᠠᠭᠰᠠᠨ ᠲᠠᠢ ᠳᠠᠩᠴᠤ ᠨᠢᠭᠲᠠ ᠬᠣᠯᠪᠣᠭᠳᠠᠵᠠᠢ᠃  
       ᠨᠢᠭᠡ ᠬᠠᠤᠯᠢ ᠶ᠋ᠢᠨ ᠰᠢᠭᠦᠭᠴᠢ ᠬᠦᠨᠳᠦ ᠶᠡᠬᠡ ᠡᠷᠡᠭᠦᠦ ᠶ᠋ᠢᠨ ᠬᠡᠷᠡᠭ ᠳᠡᠭᠡᠷ᠎ᠡ ᠡᠢᠮᠦ ᠲᠣᠮᠣ ᠤᠴᠢᠷ ᠰᠢᠯᠲᠠᠭᠠᠨ ᠢ᠋ ᠣᠷᠬᠢᠭᠳᠠᠭᠤᠯᠬᠤ ᠨᠢ ᠶᠠᠷᠢᠶᠠᠨ ᠦᠭᠡᠢ ᠠᠵᠢᠯ ᠤ᠋ᠨ ᠬᠠᠷᠢᠭᠤᠴᠠᠯᠭ᠎ᠠ ᠪᠠᠨ ᠠᠯᠳᠠᠭᠰᠠᠨ ᠶᠠᠪᠤᠳᠠᠯ ᠪᠣᠯᠤᠨ᠎ᠠ᠃ ᠰᠢᠭᠦᠨ ᠲᠠᠰᠤᠯᠬᠤ ᠠᠵᠢᠯᠲᠠᠳ ᠵᠠᠪᠠᠯ ᠭᠡᠷᠡᠴᠢ ᠪᠠᠷᠢᠮᠲᠠ ᠳ᠋ᠤ᠌ ᠳᠥᠰᠢᠨ᠂ ᠭᠡᠷᠡᠴᠢ ᠪᠠᠷᠢᠮᠲᠠ ᠪᠠᠷ ᠦᠭᠡ ᠶᠠᠷᠢᠬᠤ ᠬᠡᠷᠡᠭᠲᠡᠢ ᠶᠦᠮ᠃  ᠨᠢᠭᠡ ᠶᠠᠯᠠᠲᠠᠨ ᠰᠠᠳᠤᠷ ᠵᠠᠪᠬᠠᠢ ᠡᠮ᠎ᠡ ᠶ᠋ᠢᠨ ᠲᠥᠯᠥᠭᠡ ᠳᠤᠷᠠᠲᠠᠢᠶ᠎ᠠ ᠠᠮᠢ ᠪᠠᠨ ᠥᠭᠬᠦ ᠬᠡᠮᠵᠢᠶᠡᠨ ᠳ᠋ᠦ᠍ ᠬᠦᠷᠬᠦ ᠶ᠋ᠢ ᠬᠥᠬᠡᠲᠤᠯᠢ ᠭᠠᠢᠬᠠᠬᠤ ᠪᠣᠯᠪᠠᠴᠤ ᠡᠢᠮᠦ ᠬᠡᠷᠡᠭ ᠡᠮᠦᠨ᠎ᠡ ᠨᠢ ᠥᠪ ᠦᠨᠡᠨ ᠢ᠋ᠶ᠋ᠡᠷ ᠭᠠᠷᠬᠤ ᠳ᠋ᠤ᠌ ᠲᠡᠷᠡ ᠪᠠᠲᠤᠲᠠᠢ ᠢᠲᠡᠭᠡᠯ᠎ᠡ᠃  
       ᠭᠠᠢᠬᠠᠭᠤᠰᠢᠲᠠᠢ ᠨᠢ ᠲᠢᠩᠬᠢᠮ ᠦ᠋ᠨ ᠳᠠᠷᠤᠭ᠎ᠠ ᠲᠦᠪᠰᠢᠨ ᠶᠠᠭᠠᠬᠢᠭᠠᠳ ᠥᠭᠡᠷ᠎ᠡ ᠬᠥᠮᠦᠨ ᠦ᠌ ᠰᠠᠨᠠᠭᠠᠨ ᠳ᠋ᠤ᠌ ᠦᠭᠡᠢ ᠨᠢᠭᠤᠴᠠ ᠳᠠᠯᠳᠠ ᠬᠡᠷᠡᠭ ᠦ᠋ᠳ ᠢ᠋ ᠢᠩᠭᠢᠵᠦ ᠨᠠᠷᠢᠨ ᠢᠯᠡᠷᠡᠭᠦᠯᠵᠦ ᠭᠠᠷᠭᠠᠭᠰᠠᠨ ᠪᠣᠢ? ᠲᠡᠷᠡ ᠡᠳᠡᠭᠡᠷ ᠢ᠋ ᠰᠡᠳᠬᠢᠯ ᠲᠠᠯᠪᠢᠨ ᠪᠣᠳᠣᠯᠬᠢᠯᠠᠭᠰᠠᠭᠠᠷ ᠁ 
       ᠭᠠᠳᠠᠨ᠎ᠠ ᠠ᠋ᠴᠠ ᠭᠤᠷᠪᠠ ᠳᠥᠷᠪᠡᠨ ᠬᠠᠤᠯᠢ ᠶ᠋ᠢᠨ ᠴᠠᠭᠳᠠᠭ᠎ᠠ ᠵᠢᠭᠰᠠᠭᠠᠯ ᠲᠠᠢ ᠶᠤᠮ ᠰᠢᠭ᠋ ᠬᠣᠢᠨ᠎ᠠ ᠬᠣᠢᠨ᠎ᠠ ᠠ᠋ᠴᠠ ᠪᠠᠨ ᠣᠷᠣᠵᠤ ᠢᠷᠡᠭᠡᠳ᠄
       — ᠡᠦ ᠹᠧᠩ ᠮᠧᠢ ᠶ᠋ᠢ ᠶᠠᠭᠠᠬᠢᠨ᠎ᠠ ᠪᠣᠢ? ᠲᠦᠷ ᠬᠣᠷᠢᠬᠤ ᠤᠤ? ᠡᠰᠡᠪᠡᠯ ᠤᠭ ᠭᠠᠵᠠᠷ ᠲᠤᠨᠢ ᠠᠪᠠᠴᠢᠵᠤ ᠮᠠᠨᠠᠬᠤ ᠤᠤ? ᠭᠡᠮᠡᠨ ᠲᠦᠪᠰᠢᠨ ᠡᠴᠡ ᠵᠢᠭᠠᠪᠤᠷᠢ ᠠᠪᠬᠤ ᠳ᠋ᠤ᠌ ᠲᠡᠷᠡ ᠳᠡᠮᠡᠢ ᠴᠦ᠍ ᠪᠣᠳᠣᠯᠬᠢᠯᠠᠭᠰᠠᠨ ᠦᠭᠡᠢ ᠪᠡᠷ᠄ 
       — ᠣᠳᠣ ᠪᠠᠷ ᠢ᠋ᠶ᠋ᠠᠨ ᠡᠨᠳᠡ ᠳᠠᠭᠤᠳᠠᠵᠤ ᠠᠪᠴᠢᠷᠠ ᠭᠡᠵᠦ ᠲᠤᠰᠢᠶᠠᠯ᠎ᠠ᠃ 
       ᠴᠢᠷᠠᠢ ᠨᠢ ᠦᠨᠡᠰᠦ ᠰᠢᠭ ᠬᠥᠬᠡᠷᠡᠭᠰᠡᠨ ᠡᠦ ᠹᠧᠩ ᠮᠧᠢ ᠲᠣᠯᠣᠭᠠᠢ ᠪᠠᠨ ᠳᠡᠭᠦᠵᠢᠯᠡᠨ ᠠᠯᠭᠤᠷ ᠠᠯᠬᠤᠭᠰᠠᠭᠠᠷ ᠣᠷᠣᠵᠤ ᠢᠷᠡᠪᠡ᠃  ᠲᠦᠪᠰᠢᠨ ᠡᠮᠦᠨ᠎ᠡ ᠪᠡᠨ ᠪᠠᠢᠭ᠎ᠠ ᠰᠠᠨᠳᠠᠯᠢ ᠳᠡᠭᠡᠷ᠎ᠡ ᠲᠡᠭᠦᠨ ᠢ᠋ ᠰᠠᠭᠤᠯᠭᠠᠭᠠᠳ᠄ 
       ᠎— ᠡᠦ ᠹᠧᠩ ᠮᠧᠢ᠂ ᠢᠯᠡ ᠰᠢᠭᠦᠯᠲᠡ ᠶ᠋ᠢᠨ ᠲᠢᠩᠬᠢᠮ ᠳ᠋ᠦ᠍ ᠴᠢᠨᠦ ᠬᠢᠭᠰᠡᠨ ᠭᠡᠷᠡᠴᠢ ᠶ᠋ᠢ ᠬᠥᠮᠦᠰ ᠰᠣᠨᠣᠰᠤᠭᠠᠳ ᠶᠡᠬᠡ ᠭᠠᠢᠬᠠᠵᠤ ᠪᠠᠢᠯ᠎ᠠ᠃ 
       — ᠬᠥᠮᠦᠰ ᠦ᠋ᠨ ᠭᠠᠢᠬᠠᠬᠤ ᠨᠢ ᠲᠡᠢᠮᠦ ᠬᠠᠴᠢᠨ ᠪᠢᠰᠢ ᠠ᠋᠂ ᠤᠴᠢᠷ ᠨᠢ ᠮᠢᠨᠦ ᠭᠡᠷᠡᠴᠢ ᠬᠢᠭᠰᠡᠨ ᠨᠢ ᠪᠦᠷ ᠴᠦ᠍ ᠬᠥᠮᠦᠰ ᠦ᠋ᠨ ᠰᠠᠨᠠᠭᠠᠨ ᠠ᠋ᠴᠠ ᠭᠠᠳᠠᠨ᠎ᠠ ᠪᠣᠯᠤᠭᠰᠠᠨ ᠶᠤᠮ᠃ 
       — ᠨᠠᠳᠠ ᠪᠣᠯ ᠢᠩᠭᠢᠵᠦ ᠰᠠᠨᠠᠭᠳᠠᠭᠰᠠᠨ ᠦᠭᠡᠢ᠃ ᠵᠥᠪᠬᠡᠨ ᠴᠢᠮ᠎ᠠ ᠳ᠋ᠤ᠌ ᠪᠠᠬᠠᠨ ᠣᠰᠣᠯᠳᠠᠭᠰᠠᠨ ᠰᠢᠭ᠋ ᠪᠠᠢᠨ᠎ᠠ᠃ 
       — ᠨᠠᠳᠠ ᠣᠰᠣᠯᠳᠠᠭᠰᠠᠨ ᠭᠡᠨ᠎ᠡ ᠤᠤ?
       — ᠲᠡᠢᠮᠦ ᠠ᠋᠂ ᠴᠢᠮ᠎ᠠ ᠳ᠋ᠤ᠌᠃ 
       — ᠶᠠᠭᠠᠬᠢᠭᠠᠳ?
       — ᠤᠴᠢᠷ ᠨᠢ ᠨᠢᠭᠡ ᠬᠥᠮᠦᠨ ᠥᠪᠡᠷ ᠦ᠋ᠨ ᠠᠮᠢ ᠪᠠᠷ ᠢ᠋ᠶ᠋ᠠᠨ ᠨᠢᠭᠤᠵᠤ ᠪᠠᠢᠭ᠎ᠠ ᠶᠠᠭᠤᠮ᠎ᠠ ᠶ᠋ᠢ ᠣᠯᠠᠨ ᠳᠠᠶᠠᠭᠠᠷ ᠤ᠋ᠨ ᠳᠤᠮᠳᠠ ᠬᠡᠯᠡᠵᠦ ᠳᠡᠯᠭᠡᠭᠰᠡᠨ ᠦᠶ᠎ᠡ ᠳ᠋ᠦ᠍ ᠳᠠᠬᠢᠭᠠᠳ ᠬᠤᠷᠢᠶᠠᠵᠤ ᠠᠪᠬᠤ ᠪᠤᠶᠤ ᠠᠷᠢᠯᠭᠠᠵᠤ ᠴᠠᠭᠠᠳᠬᠠᠬᠤ ᠳ᠋ᠤ᠌ ᠦᠨᠡᠬᠡᠷ ᠴᠦ᠍ ᠬᠦᠴᠢᠷ ᠲᠡᠢ ᠶᠦᠮ᠃ 
       — ᠡᠭᠦᠨ ᠢ᠋ ᠪᠢ ᠮᠡᠳᠡᠵᠦ ᠪᠠᠢᠨ᠎ᠠ᠂ ᠪᠣᠳᠠᠲᠠᠢ ᠳᠡᠭᠡᠷ᠎ᠡ ᠡᠭᠦᠨ ᠢ᠋ ᠪᠣᠳᠣᠯᠬᠢᠯᠠᠬᠤ ᠬᠡᠷᠡᠭᠴᠡᠭᠡ ᠦᠭᠡᠢ ᠶᠦᠮ᠃ 
       — ᠪᠢᠳᠡ ᠣᠯᠠᠨ ᠤᠳᠠᠭ᠎ᠠ ᠲᠠᠨ ᠠ᠋ᠴᠠ ᠠᠰᠠᠭᠤᠬᠤ ᠳᠤ ᠪᠠᠨ ᠵᠠᠷᠢᠮ ᠦᠶ᠎ᠡ ᠳ᠋ᠦ᠍ ᠪᠠᠷᠤᠭ ᠯᠠ ᠰᠢᠬᠠᠵᠤ ᠠᠯᠪᠠᠳᠠᠮᠠᠷ ᠪᠠᠢᠭᠰᠠᠨ ᠴᠦ᠍ ᠬᠠᠷᠢᠭᠤᠯᠲᠠ ᠦᠭᠡᠢ ᠪᠠᠢᠳᠠᠭ ᠰᠢᠳᠡ᠃ ᠭᠡᠲᠡᠯ᠎ᠡ ᠥᠨᠥᠳᠥᠷ ᠴᠢ ᠬᠠᠷᠢᠨ ᠨᠢᠭᠤᠭᠳᠠᠭᠰᠠᠨ ᠵᠦᠢᠯ ᠢ᠋ᠶ᠋ᠡᠨ ᠢᠯᠡ ᠲᠢᠩᠬᠢᠮ ᠳ᠋ᠦ᠍ ᠭᠠᠷᠴᠤ ᠲᠠᠭᠠᠷᠴᠤᠭ ᠰᠠᠪᠠ ᠲᠠᠢ ᠨᠢ ᠶᠡᠭᠦᠯᠡᠭᠰᠡᠨ ᠢ᠋ ᠪᠣᠳᠣᠪᠠᠯ ᠠᠷᠭ᠎ᠠ ᠦᠭᠡᠢᠳᠡᠬᠦ ᠳᠦ ᠪᠡᠨ ᠢᠩᠭᠢᠵᠦ ᠬᠢᠭᠰᠡᠨ ᠪᠢᠵᠡ᠃ 
       — ᠪᠢ ᠳᠠᠩᠴᠤ ᠮᠤᠵᠢᠭᠤᠳᠠ ᠪᠤᠷᠤᠩᠬᠤᠢ᠃ ᠥᠩᠭᠡᠷᠡᠭᠰᠡᠨ ᠳ᠋ᠦ᠍ ᠲᠠ ᠨᠠᠷ ᠤ᠋ᠨ ᠪᠠᠢᠴᠠᠭᠠᠯᠲᠠ ᠶ᠋ᠢᠨ ᠡᠮᠦᠨ᠎ᠡ ᠠᠪᠤᠭᠰᠠᠨ ᠣᠪᠣᠷ ᠲᠤ ᠪᠠᠨ ᠶᠡᠬᠡ ᠭᠡᠮᠰᠢᠵᠦ ᠪᠠᠢᠨ᠎ᠠ᠃ ᠢᠯᠠᠩᠭᠤᠶ᠎ᠠ ᠪᠣᠯᠤᠷᠴᠠᠭᠠᠨ ᠳ᠋ᠤ᠌ ᠬᠦᠴᠢᠷ ᠲᠤᠯᠭᠠᠨ ᠬᠢᠯᠢᠰᠳᠡᠭᠦᠯᠬᠦ ᠰᠢᠬᠠᠭᠰᠠᠨ ᠳᠤ ᠪᠠᠨ ᠲᠤᠩ ᠬᠠᠷᠠᠮᠰᠠᠵᠤ ᠪᠠᠢᠨ᠎ᠠ᠃ ᠪᠢ ᠥᠨᠥᠳᠥᠷ ᠢᠩᠭᠢᠵᠦ ᠴᠠᠭᠠᠪᠤᠷᠯᠠᠭᠰᠠᠨ ᠨᠢ ᠠᠯᠢᠪᠠ ᠣᠰᠣᠯ ᠢ᠋ᠶ᠋ᠠᠨ ᠣᠯᠠᠨ ᠤ᠋ ᠳᠤᠮᠳᠠ ᠬᠦᠯᠢᠶᠡᠶ᠎ᠡ ᠭᠡᠵᠦ ᠪᠣᠳᠣᠭᠰᠠᠨ ᠶᠤᠮ᠃  
       — ᠲᠠ ᠣᠳᠣ ᠪᠡᠶ᠎ᠡ ᠪᠡᠨ ᠪᠠᠷᠤᠭ ᠪᠠᠷᠢᠪᠴᠢᠯᠠᠭᠳᠠᠨ᠎ᠠ ᠭᠡᠵᠦ ᠪᠣᠳᠣᠭ᠎ᠠ ᠪᠢᠵᠡ᠃  
       — ᠲᠠ ᠶᠠᠭᠠᠬᠢᠵᠤ ᠮᠡᠳᠡᠭᠰᠡᠨ ᠪᠣᠢ?
       — ᠴᠢᠨᠦ ᠵᠠᠰᠠᠵᠤ ᠴᠢᠮᠡᠭᠰᠡᠨ ᠡᠴᠡ ᠪᠠᠷᠤᠭᠯᠠᠵᠠᠢ᠃ 
       — ᠲᠡᠢᠮᠦ ᠠ᠋᠂ ᠲᠠ ᠵᠥᠪ ᠪᠣᠳᠣᠵᠠᠢ᠃ ᠥᠨᠥᠳᠥᠷ ᠮᠢᠨᠦ ᠲᠠᠢᠰᠠᠨ ᠳ᠋ᠤ᠌ ᠭᠠᠷᠴᠤ ᠦᠭᠡ ᠬᠡᠯᠡᠭᠰᠡᠨ ᠨᠢ ᠡᠷᠬᠡ ᠴᠢᠯᠥᠭᠡ ᠲᠡᠢ ᠪᠠᠢᠬᠤ ᠦᠶ᠎ᠡ ᠶ᠋ᠢᠨ ᠬᠠᠮᠤᠭ ᠡᠴᠦᠰ ᠦ᠋ᠨ ᠤᠳᠠᠭ᠎ᠠ ᠪᠠᠢᠬ᠎ᠠ᠃ ᠪᠠᠰᠠ ᠴᠦ᠍ ᠲᠦᠮᠡᠨᠨᠠᠰᠤᠲᠤ ᠬᠣᠲᠠ ᠶ᠋ᠢᠨ ᠣᠯᠠᠨ ᠤ᠋ ᠳᠤᠮᠳᠠ ᠡᠷᠬᠡ ᠴᠢᠯᠥᠭᠡ ᠲᠡᠢ ᠪᠡᠷ ᠪᠡᠶ᠎ᠡ ᠪᠡᠨ ᠴᠢᠮᠡᠭᠰᠡᠨ ᠰᠡᠭᠦᠯ ᠦ᠋ᠨ ᠤᠳᠠᠭ᠎ᠠ ᠶᠤᠮ᠃ ᠮᠢᠨᠦ ᠶᠠᠷᠢᠶ᠎ᠠ ᠪᠠᠷᠠᠮᠠᠭᠴᠠ ᠪᠢ ᠳᠠᠷᠤᠢ ᠬᠥᠮᠦᠨ ᠦ᠌ ᠡᠷᠬᠡᠨ ᠳ᠋ᠦ᠍ ᠣᠷᠣᠵᠤ ᠴᠢᠨᠠᠭᠰᠢᠯᠠᠪᠠᠯ ᠠᠯᠠᠬᠤ ᠡᠷᠡᠭᠦᠦ ᠪᠡᠷ ᠰᠢᠢᠳᠬᠡᠭᠳᠡᠬᠦ ᠪᠣᠯᠤᠨ᠎ᠠ᠃ ᠡᠭᠦᠨ ᠡᠴᠡ ᠭᠠᠳᠠᠨ᠎ᠠ ᠮᠢᠨᠦ ᠪᠡᠶ᠎ᠡ ᠪᠡᠨ ᠶᠡᠬᠡ ᠴᠢᠮᠡᠵᠦ ᠵᠠᠰᠠᠭᠰᠠᠨ ᠤ᠋ ᠤᠴᠢᠷ ᠪᠣᠯ ᠬᠥᠮᠦᠨ ᠦ᠌ ᠠᠩᠬᠠᠷᠤᠯ ᠢ᠋ ᠲᠠᠲᠠᠵᠤ ᠭᠡᠷᠡᠴᠢ ᠪᠡᠨ ᠰᠣᠨᠣᠰᠬᠠᠶ᠎ᠠ ᠭᠡᠵᠦ ᠪᠣᠳᠣᠭᠰᠠᠨ ᠶᠤᠮ᠃ ᠶᠠᠷᠢᠶᠠᠨ ᠦᠭᠡᠢ ᠮᠢᠨᠦ ᠭᠡᠷᠡᠴᠢ ᠶ᠋ᠢ ᠰᠣᠨᠣᠰᠤᠭᠰᠠᠨ ᠬᠥᠮᠦᠰ ᠨᠠᠮ᠎ᠠ ᠶᠢ ᠵᠢᠭᠰᠢᠨ ᠬᠠᠷᠠᠶᠠᠵᠠᠭᠠᠬᠤ ᠨᠢ ᠯᠠᠪᠲᠠᠢ᠃ ᠠᠢ! ᠥᠨᠥᠳᠥᠷ ᠦ᠋ᠨ ᠬᠤᠪᠢ ᠳ᠋ᠤ᠌ ᠬᠠᠷᠢᠶᠠᠯ ᠨᠢ ᠨᠠᠳᠠ ᠲᠠᠢᠳᠬᠤᠷᠠᠭᠤᠯᠤᠯ ᠪᠣᠯᠬᠤ ᠶᠤᠮ᠃ 
       — ᠲᠠ ᠡᠯ᠎ᠡ ᠲᠠᠯ᠎ᠠ ᠶᠢᠨ ᠪᠡᠯᠡᠳᠬᠡᠯ ᠢ᠋ᠶ᠋ᠡᠨ ᠪᠦᠬᠦᠨ ᠢ᠋ ᠬᠢᠵᠦ ᠵᠠᠪᠳᠤᠵᠠᠢ᠃  
       — ᠲᠡᠷᠡ ᠴᠦ᠍ ᠯᠠᠪᠲᠠᠢ᠃ ᠪᠢ ᠨᠢᠭᠡᠨᠲᠡ ᠭᠢᠨᠳᠠᠨ ᠳ᠋ᠤ᠌ ᠣᠷᠣᠬᠤ ᠪᠡᠯᠡᠳᠬᠡᠯ ᠲᠡᠢ ᠢᠷᠡᠭᠰᠡᠨ᠃ 
       — ᠦ᠂ ᠲᠡᠢᠮᠦ ᠤᠤ? ᠪᠡᠯᠡᠳᠬᠡᠯ ᠴᠢᠨᠢ ᠪᠠᠬᠠᠨ ᠡᠷᠲᠡᠳᠡᠭᠰᠡᠨ ᠪᠠᠢᠵᠤ ᠮᠡᠳᠡᠨ᠎ᠡ᠃ ᠤᠴᠢᠷ ᠨᠢ ᠠᠮᠠᠨ ᠥᠴᠢᠭ ᠢ᠋ ᠴᠢᠨᠢ ᠳᠠᠬᠢᠨ ᠪᠠᠢᠴᠠᠭᠠᠵᠤ ᠦᠨᠡᠨ ᠮᠠᠭᠠᠳ ᠢ᠋ ᠨᠢ ᠭᠦᠢᠴᠡᠳ ᠲᠣᠳᠣᠯᠠᠭᠰᠠᠨ ᠤ᠋ ᠳᠠᠷᠠᠭ᠎ᠠ ᠰᠠᠶᠢ ᠶᠠᠭᠠᠬᠢᠬᠤ ᠲᠤᠬᠠᠢ ᠰᠢᠢᠳᠪᠦᠷᠢ ᠭᠠᠷᠭᠠᠬᠤ ᠶᠤᠮ᠃ 
       — ᠲᠡᠷᠡ ᠴᠦ᠍ ᠡᠷᠲᠡ ᠣᠷᠣᠢ ᠦᠭᠡᠢ ᠭᠠᠷᠬᠤ ᠯᠠ ᠰᠢᠢᠳᠪᠦᠷᠢ ᠪᠠᠢᠯ ᠦᠭᠡᠢ᠃ ᠪᠢ ᠴᠦ᠍ ᠶᠠᠷᠢᠶᠠᠨ ᠦᠭᠡᠢ ᠲᠠᠨ ᠤ᠋ ᠬᠠᠤᠯᠢ ᠶ᠋ᠢᠨ ᠠᠯᠬᠤᠮ ᠳᠠᠷᠠᠭ᠎ᠠ ᠶ᠋ᠢ ᠬᠦᠨᠳᠦᠳᠬᠡᠬᠦ ᠶᠦᠮ᠃ 
       — ᠲᠡᠢᠮᠦ ᠪᠣᠯ ᠰᠠᠢᠨ᠃ ᠭᠡᠪᠡᠴᠦ ᠡᠢᠮᠦ ᠲᠡᠢᠮᠦ ᠣᠬᠣᠷ ᠪᠣᠳᠣᠯ ᠳ᠋ᠤ᠌ ᠠᠪᠲᠠᠵᠤ ᠪᠣᠯᠬᠤ ᠦᠭᠡᠢ ᠰᠢᠦ᠃ ᠬᠡᠷᠪᠡ ᠁ 
       — ᠲᠠ ᠰᠠᠨᠠᠭ᠎ᠠ ᠠᠮᠤᠷ ᠪᠠᠢᠭᠠᠷᠠᠢ᠃ ᠪᠢ ᠨᠢᠭᠡᠨᠲᠡ ᠢᠯᠡ ᠰᠢᠭᠦᠯᠲᠡ ᠳᠡᠭᠡᠷ᠎ᠡ ᠰᠣᠨᠣᠰᠤᠭᠴᠢᠳ ᠤ᠋ᠨ ᠡᠮᠦᠨ᠎ᠡ ᠦᠭᠡ ᠪᠡᠨ ᠬᠡᠯᠡᠭᠰᠡᠨ ᠡᠴᠡ ᠬᠣᠢᠰᠢ᠂ ᠬᠠᠤᠯᠢ ᠶᠣᠰᠣᠭᠠᠷ ᠰᠢᠢᠳᠬᠡᠭᠦᠯᠬᠦ ᠡᠴᠡ ᠪᠢᠰᠢ᠂ ᠬᠣᠭᠣᠯᠠᠢ ᠪᠠᠨ ᠪᠣᠭᠣᠮᠢᠯᠠᠬᠤ ᠵᠠᠮ ᠢ᠋ᠶ᠋ᠠᠷ ᠶᠠᠪᠤᠬᠤ ᠦᠭᠡᠢ᠃ 
       — ᠴᠢᠨᠦ ᠠᠮᠤᠷ ᠲᠦᠪᠰᠢᠨ ᠪᠣᠯᠤᠨ ᠭᠡᠷᠡᠴᠢᠯᠡᠭᠰᠡᠨ ᠬᠡᠷᠡᠭ ᠢ᠋ ᠴᠢᠨᠢ ᠤᠯᠠᠮ ᠨᠢᠭᠡ ᠠᠯᠬᠤᠮ ᠲᠣᠳᠣᠯᠠᠬᠤ ᠶᠢᠨ ᠲᠥᠯᠥᠭᠡ᠂ ᠪᠢᠳᠡ ᠨᠢᠭᠡᠨᠲᠡ ᠴᠢᠮ᠎ᠠ ᠳ᠋ᠤ᠌ ᠳᠠᠷᠠᠭ᠎ᠠ ᠠᠯᠬᠤᠮ ᠤ᠋ᠨ ᠲᠣᠬᠢᠷᠠᠭᠤᠯᠤᠯᠲᠠ ᠬᠢᠭᠰᠡᠨ ᠶᠦᠮ᠃ ᠲᠠ ᠣᠳᠣ ᠮᠠᠨ ᠤ᠋ ᠪᠠᠢᠭᠤᠯᠭ᠎ᠠ ᠶ᠋ᠢᠨ ᠬᠣᠶᠠᠷ ᠡᠮᠡᠭᠲᠡᠢ ᠠᠵᠢᠯᠲᠠᠨ ᠲᠠᠢ ᠬᠠᠮᠲᠤ ᠶᠠᠪᠤᠭᠠᠷᠠᠢ᠃ ᠲᠡᠳᠡ ᠲᠠᠨ ᠢ᠋ ᠲᠣᠬᠢᠷᠠᠭᠤᠯᠬᠤ ᠶᠤᠮ᠃ ᠡᠳᠦᠭᠡ ᠴᠢᠮ᠎ᠠ ᠳ᠋ᠤ᠌ ᠨᠢᠭᠡ ᠬᠤᠪᠢ ᠲᠦᠷ ᠬᠣᠷᠢᠬᠤ ᠲᠡᠮᠳᠡᠭ ᠥᠭᠭᠦᠶ᠎ᠡ᠃ ᠡᠨᠡ ᠨᠢ ᠶᠠᠯᠠᠲᠠᠨ ᠪᠣᠯᠭᠠᠵᠤ ᠬᠣᠷᠢᠬᠤ ᠪᠢᠰᠢ ᠰᠢᠦ᠃ ᠬᠡᠷᠪᠡ ᠡᠨᠡ ᠭᠠᠷ ᠭᠦᠢᠴᠡᠳᠬᠡᠯ ᠦᠭᠡᠢ ᠪᠣᠯ ᠬᠣᠵᠢᠮ ᠴᠢᠮ᠎ᠠ ᠳ᠋ᠤ᠌ ᠶᠣᠰᠣ ᠦᠭᠡᠢ ᠶᠠᠪᠤᠳᠠᠯ ᠬᠢᠭᠰᠡᠨ ᠰᠢᠭ ᠪᠣᠯᠤᠨ᠎ᠠ᠃ ᠵᠠ ᠡᠢᠮᠦ ᠪᠠᠢᠨ᠎ᠠ᠃ ᠬᠡᠳᠦᠨ ᠡᠳᠦᠷ ᠦ᠋ᠨ ᠳᠠᠷᠠᠭ᠎ᠠ ᠨᠢᠭᠡ ᠰᠢᠢᠳᠪᠦᠷᠢ ᠭᠠᠷᠴᠢᠬᠠᠬᠤ ᠪᠣᠢ᠃ 
       ᠡᠦ ᠹᠧᠩ ᠮᠧᠢ ᠬᠡᠳᠦᠢᠪᠡᠷ ᠡᠷᠡᠰ ᠰᠢᠭᠤᠷᠬᠠᠢ ᠲᠣᠯᠣᠭᠠᠢ ᠳᠣᠬᠢᠭᠰᠠᠨ ᠪᠣᠯᠪᠠᠴᠤ ᠬᠣᠶᠠᠷ ᠨᠢᠳᠦᠨ ᠳ᠋ᠦ᠍ᠨᠢ ᠵᠠᠢᠷ ᠭᠦᠶᠦᠨ ᠮᠡᠯᠲᠡᠭᠡᠨᠡᠵᠦ ᠪᠠᠢᠯ᠎ᠠ᠃ 
       ᠲᠦᠪᠰᠢᠨ ᠲᠡᠭᠦᠨ ᠢ᠋ ᠲᠡᠷᠭᠡᠨ ᠳ᠋ᠦ᠍ ᠭᠠᠷᠲᠠᠯ᠎ᠠ ᠬᠣᠢᠨ᠎ᠠ ᠠ᠋ᠴᠠ ᠨᠢ ᠬᠠᠷᠠᠯ᠎ᠠ᠃  
       ᠲᠦᠪᠰᠢᠨ ᠦ᠌ ᠲᠠᠷᠢᠬᠢᠨ ᠳ᠋ᠤ᠌ ᠢᠯᠡ ᠰᠢᠭᠦᠬᠦ ᠲᠢᠩᠬᠢᠮ ᠳ᠋ᠠᠬᠢ ᠡᠦ ᠹᠧᠩ ᠮᠧᠢ ᠶ᠋ᠢᠨ ᠨᠢᠭᠡ ᠦᠭᠡ ᠨᠢᠭᠡ ᠬᠥᠳᠡᠯᠦᠯ ᠨᠢ ᠴᠦ᠍ ᠢᠯᠡᠬᠡᠨ ᠪᠣᠳᠣᠭᠳᠠᠵᠤ ᠲᠣᠯᠣᠭᠠᠢ ᠪᠠᠨ ᠠᠪᠤᠭᠤᠯᠬᠤ ᠭᠡᠷᠡᠴᠢ᠂ ᠠᠮᠢ ᠪᠠᠨ ᠠᠯᠳᠠᠬᠤ ᠪᠠᠷᠢᠮᠲᠠ ᠪᠠᠨ ᠲᠦᠮᠡᠨ ᠦ᠌ ᠳᠤᠮᠳᠠ ᠴᠢᠷᠠᠢ ᠬᠤᠪᠢᠷᠠᠵᠤ ᠵᠢᠷᠦᠬᠡ ᠲᠦᠭᠰᠢᠬᠦ ᠦᠭᠡᠢ ᠪᠡᠷ ᠤᠷᠤᠰᠬᠠᠲᠠᠯ᠎ᠠ ᠴᠡᠪᠡᠷ ᠶᠠᠷᠢᠬᠤ ᠨᠢ ᠳᠠᠬᠢᠨ ᠦᠵᠡᠭᠳᠡᠬᠦ ᠰᠢᠭ ᠪᠣᠯᠤᠯ᠎ᠠ᠃

           ᠣᠩᠰᠢᠭᠰᠠᠨ ᠨᠢ᠄ ᠴᠡᠴᠡᠭᠮ᠎ᠠ