ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠵᠢᠷᠭᠤᠭ᠎ᠠ> Хялгасан дөрөөн дээр – Хасвулаг зохиов <36>
ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠵᠢᠷᠭᠤᠭ᠎ᠠ>
ᠭᠤᠴᠢᠨ ᠵᠢᠷᠭᠤᠭ᠎ᠠ
ᠡᠦ ᠹᠧᠩ ᠮᠧᠢ ᠦᠵᠡᠰᠬᠦᠯᠡᠩ ᠢ᠋ ᠬᠣᠣᠷᠯᠠᠭᠳᠠᠭᠰᠠᠨ ᠤ᠋ ᠳᠠᠷᠠᠭ᠎ᠠ ᠥᠷᠯᠥᠭᠡ ᠲᠡᠷᠡ ᠬᠦ᠌ ᠨᠡᠷ᠎ᠡ ᠪᠡᠨ ᠨᠢᠭᠤᠭᠰᠠᠨ ᠬᠥᠮᠦᠨ ᠦ᠌ ᠳ᠋ᠢᠶᠠᠩᠬᠤᠸᠠ ᠪᠠᠷ ᠬᠡᠯᠡᠭᠰᠡᠨ ᠦᠭᠡᠨ ᠦ᠌ ᠪᠦᠬᠦ ᠠᠭᠤᠯᠭ᠎ᠠ ᠶ᠋ᠢ ᠥᠴᠦᠬᠡᠨ ᠴᠦ᠍ ᠦᠯᠡᠳᠡᠭᠡᠯ ᠦᠭᠡᠢ ᠪᠦᠬᠦᠨ ᠢ᠋ ᠨᠢ ᠬᠡᠯᠡᠵᠦ ᠭᠠᠷᠭᠠᠵᠠᠢ᠃
ᠲᠤᠬᠠᠢ ᠶ᠋ᠢᠨ ᠦᠶ᠎ᠡ ᠳ᠋ᠦ᠍ ᠡᠦ ᠹᠧᠩ ᠮᠧᠢ ᠴᠠᠭᠠᠳᠤᠬᠢ ᠭᠠᠢᠬᠠᠯ ᠴᠣᠬᠣᠮ ᠶᠠᠭᠤᠨ ᠤ᠋ ᠲᠥᠯᠥᠭᠡ ᠲᠡᠭᠦᠨ ᠦ᠌ ᠡᠮᠦᠨ᠎ᠡ ᠬᠣᠢᠨᠠᠬᠢ ᠡᠮᠵᠡᠭ ᠢ᠋ ᠢᠩᠭᠢᠵᠦ ᠰᠠᠢᠬᠠᠨ ᠣᠢᠯᠠᠭᠠᠭᠰᠠᠨ ᠤᠭ ᠰᠠᠨᠠᠭ᠎ᠠ ᠶ᠋ᠢ ᠣᠢᠯᠠᠭᠠᠵᠤ ᠳᠡᠢᠯᠦᠭᠡ ᠦᠭᠡᠢ᠃ ᠡᠭᠦᠨ ᠢ᠋ ᠴᠠᠭᠠᠰᠢ ᠨᠢ ᠮᠥᠷᠳᠡᠵᠦ ᠣᠢᠯᠠᠭᠠᠬᠤ ᠶ᠋ᠢᠨ ᠰᠠᠨᠠᠭ᠎ᠠ ᠴᠦ᠍ ᠲᠡᠭᠦᠨ ᠳ᠋ᠦ᠍ ᠪᠠᠢᠭ᠎ᠠ ᠦᠭᠡᠢ᠃ ᠬᠠᠷᠢᠨ ᠬᠥᠮᠦᠨ ᠲᠡᠭᠦᠨ ᠦ᠌ ᠡᠯᠳᠡᠪ ᠢ᠋ ᠮᠡᠳᠡᠴᠢᠬᠡᠭᠡᠳ ᠪᠠᠰᠠ ᠢᠩᠭᠢᠵᠦ ᠰᠠᠢᠨ ᠰᠠᠨᠠᠭ᠎ᠠ ᠪᠠᠷ ᠬᠠᠮᠠᠭᠠᠯᠠᠵᠤ ᠳᠠᠷᠤᠵᠤ ᠪᠠᠢᠨ᠎ᠠ᠃ ᠪᠠᠰᠠ ᠠᠯᠢ ᠡᠷᠲᠡ ᠲᠡᠷᠡ ᠬᠣᠶᠠᠭᠤᠯᠠ ᠶ᠋ᠢᠨ ᠬᠤᠪᠢ ᠶ᠋ᠢᠨ ᠨᠢᠭᠤᠴᠠ ᠶ᠋ᠢ ᠮᠡᠳᠡᠴᠢᠬᠡᠭᠡᠳ ᠣᠳᠣ ᠪᠣᠯᠲᠠᠯ᠎ᠠ ᠶᠠᠮᠠᠷ ᠴᠦ᠍ ᠬᠣᠣᠷ ᠬᠢᠭᠡ ᠦᠭᠡᠢ ᠰᠢᠳᠡ ᠭᠡᠵᠦ ᠪᠣᠳᠣᠬᠤ ᠳᠤ ᠪᠠᠨ ᠬᠠᠷᠢᠭᠤ ᠲᠠᠯᠠᠷᠬᠠᠮᠠᠷ ᠰᠠᠨᠠᠭᠳᠠᠭᠠᠳ ᠪᠠᠢᠵᠠᠢ᠃
ᠢᠩᠭᠢᠭᠡᠳ ᠡᠦ ᠹᠧᠩ ᠮᠧᠢ ᠲᠡᠷᠡ ᠬᠥᠮᠦᠨ ᠦ᠌ ᠬᠡᠯᠡᠭᠰᠡᠨ ᠢ᠋ ᠭᠦᠢᠴᠡᠳ ᠢᠲᠡᠭᠡᠭᠰᠡᠨ ᠢ᠋ᠶ᠋ᠡᠷ ᠦᠯᠦ ᠪᠠᠷᠠᠨ ᠬᠡᠨ ᠳ᠋ᠦ᠍ ᠴᠦ᠍ ᠶᠠᠷᠢᠭ᠎ᠠ ᠦᠭᠡᠢ ᠪᠠᠢᠭᠰᠠᠨ ᠨᠢ ᠡᠨᠡ ᠠᠵᠢ᠃
ᠡᠦ ᠹᠧᠩ ᠮᠧᠢ ᠥᠨᠥᠳᠥᠷ ᠶᠠᠷᠢᠶᠠᠨ ᠤ᠋ ᠲᠡᠭᠦᠰᠬᠡᠯ ᠳ᠋ᠡᠭᠡᠨ᠄
— ᠲᠢᠩᠬᠢᠮ ᠦ᠋ᠨ ᠳᠠᠷᠤᠭ᠎ᠠ ᠠ᠋᠂ ᠲᠡᠷᠡ ᠬᠥᠮᠦᠨ ᠳᠠᠬᠢᠭᠠᠳ ᠮᠢᠨᠦ ᠶᠠᠭᠤ ᠬᠡᠯᠡᠬᠦ ᠶ᠋ᠢ ᠣᠭᠲᠣ ᠬᠦᠯᠢᠶᠡᠭᠰᠡᠨ ᠦᠭᠡᠢ᠃ ᠪᠢ ᠰᠡᠳᠬᠢᠯ ᠦ᠋ᠨ ᠳᠣᠭᠳᠣᠯᠤᠯ ᠢ᠋ᠶ᠋ᠠᠨ ᠬᠦᠴᠦᠯᠡᠨ ᠳᠠᠷᠤᠵᠤ ᠡᠳᠡᠭᠡᠷ ᠬᠡᠷᠡᠭ ᠢ᠋ ᠪᠣᠳᠣᠯᠬᠢᠯᠠᠵᠤ ᠦᠵᠡᠯ᠎ᠡ᠃ ᠨᠡᠭᠡᠷᠡᠨ ᠳᠥᠷᠪᠡᠨ ᠡᠳᠦᠷ ᠦ᠋ᠨ ᠡᠮᠦᠨ᠎ᠡ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶᠠᠨ ᠤ᠋ ᠪᠠᠢᠴᠠᠭᠠᠬᠤ ᠳᠤᠭᠤᠢᠯᠠᠩ ᠤ᠋ᠨ ᠬᠢᠨ ᠮᠢᠨᠦ ᠠᠵᠢᠯᠯᠠᠵᠤ ᠪᠠᠢᠬᠤ ᠡᠮ ᠦ᠋ᠨ ᠭᠡᠷ ᠪᠣᠯᠤᠨ ᠡᠮ ᠲᠣᠬᠢᠷᠠᠭᠤᠯᠤᠭᠴᠢᠳ ᠤ᠋ᠨ ᠠᠵᠢᠯ ᠢ᠋ ᠪᠠᠢᠴᠠᠭᠠᠭᠰᠠᠨ ᠪᠢᠯᠡ᠃ ᠢᠩᠭᠢᠭᠡᠳ ᠨᠢᠭᠡ ᠬᠠᠢᠷᠴᠠᠭA ᠭᠤᠷᠪᠠᠳᠤᠭᠠᠷ ᠤ᠋ᠨ ᠬᠠᠢᠷᠴᠠᠭ ᠨᠢ ᠵᠠᠳᠠᠷᠠᠨ ᠪᠤᠰᠤᠳ ᠡᠮ ᠲᠡᠢ ᠬᠣᠯᠢᠯᠳᠤᠭᠰᠠᠨ ᠢ᠋ ᠪᠠᠢᠴᠠᠭᠠᠵᠤ ᠭᠠᠷᠭᠠᠭᠠᠳ ᠨᠠᠮ᠎ᠠ ᠶᠢ ᠰᠢᠭᠦᠮᠵᠢᠯᠡᠵᠦ ᠥᠩᠭᠡᠷᠡᠪᠡ᠃ ᠪᠢ ᠪᠣᠯᠤᠷᠴᠠᠭᠠᠨ ᠳ᠋ᠤ᠌ ᠲᠡᠷᠡ ᠬᠦ᠌ ᠬᠠᠢᠷᠴᠠᠭ ᠨᠢ ᠵᠠᠳᠠᠷᠠᠭᠠᠳ ᠳᠠᠬᠢᠨ ᠰᠠᠪᠠᠯᠠᠭᠰᠠᠨB ᠵᠢᠷᠭᠤᠳᠤᠭᠠᠷ ᠢ᠋ ᠥᠭᠭᠦᠭᠰᠡᠨ ᠪᠣᠯᠬᠣᠷ ᠦᠨᠡᠬᠡᠷ ᠪᠤᠷᠤᠭᠤ ᠥᠭᠴᠢᠬᠡᠭᠰᠡᠨ ᠮᠠᠭᠠᠳ ᠦᠭᠡᠢ ᠭᠡᠵᠦ ᠰᠡᠵᠢᠭᠯᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠣᠯᠪᠠ᠃ ᠢᠩᠭᠢᠭᠡᠳ ᠪᠢ ᠲᠡᠷᠡ ᠳ᠋ᠢᠶᠠᠩᠬᠤᠸᠠ ᠪᠠᠷ ᠶᠠᠷᠢᠯᠴᠠᠭᠰᠠᠨ ᠬᠥᠮᠦᠨ ᠦ᠌ ᠬᠡᠯᠡᠭᠰᠡᠨ ᠶᠣᠰᠣᠭᠠᠷ ᠬᠣᠷᠢᠭᠤᠯ ᠤ᠋ᠨ ᠭᠠᠵᠠᠷ ᠲᠤ᠌ ᠣᠴᠢᠵᠤ ᠪᠣᠯᠤᠷᠴᠠᠭᠠᠨ ᠲᠠᠢ ᠠᠭᠤᠯᠵᠠᠪᠠ᠃ ᠠᠭᠤᠯᠵᠠᠵᠤ ᠶᠠᠷᠢᠯᠴᠠᠭᠰᠠᠨ ᠠᠭᠤᠯᠭ᠎ᠠ ᠪᠠᠨ ᠪᠢ ᠳᠡᠭᠡᠷ᠎ᠡ ᠤᠳᠠᠭ᠎ᠠ ᠢᠯᠡ ᠰᠢᠭᠦᠯᠲᠡ ᠳᠡᠭᠡᠷ᠎ᠡ ᠪᠦᠬᠦᠨ ᠢ᠋ ᠲᠤᠰᠢᠶᠠᠭᠰᠠᠨ᠃ ᠲᠡᠷᠡ ᠤᠳᠠᠭ᠎ᠠ ᠪᠢ ᠬᠣᠷᠢᠭᠤᠯ ᠤ᠋ᠨ ᠭᠠᠵᠠᠷ ᠠ᠋ᠴᠠ ᠪᠤᠴᠠᠵᠤ ᠢᠷᠡᠭᠡᠳ᠂ ᠡᠮ ᠦ᠋ᠨ ᠲᠠᠯᠪᠢᠭᠤᠷ ᠤ᠋ᠨ ᠳᠥᠷᠪᠡᠳᠦᠭᠡᠷ ᠲᠠᠯᠪᠢᠭᠤᠷ ᠳᠡᠭᠡᠷ᠎ᠡ ᠲᠠᠯᠪᠢᠵᠤ ᠪᠠᠢᠭ᠎ᠠ Bᠵᠢᠷᠭᠤᠳᠤᠭᠠᠷ ᠢ᠋ ᠪᠠᠢᠴᠠᠭᠠᠵᠤ ᠦᠵᠡᠭᠰᠡᠨ ᠳ᠋ᠦ᠍ ᠵᠠᠷᠢᠮ ᠳ᠋ᠤᠨᠢ ᠦᠨᠡᠬᠡᠷ Aᠭᠤᠷᠪᠠᠳᠤᠭᠠᠷ ᠬᠣᠯᠢᠯᠳᠤᠵᠤ ᠪᠠᠢᠭᠰᠠᠨ ᠪᠢᠯᠡ ᠭᠡᠪᠡ᠃
— ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶᠠᠨ ᠠ᠋ᠴᠠ ᠴᠢᠨᠦ ᠡᠮ ᠦ᠋ᠨ ᠭᠡᠷ ᠢ᠋ ᠬᠡᠵᠢᠶ᠎ᠡ ᠶᠠᠭᠠᠬᠢᠵᠤ ᠪᠠᠢᠴᠠᠭᠠᠭᠰᠠᠨ ᠶᠤᠮ?
— ᠦᠵᠡᠰᠬᠦᠯᠡᠩ ᠢ᠋ ᠬᠣᠣᠷᠯᠠᠭᠳᠠᠬᠤ ᠠ᠋ᠴᠠ ᠡᠮᠦᠨ᠎ᠡ ᠬᠡᠳᠦᠨ ᠡᠳᠦᠷ ᠰᠢᠭ ᠰᠠᠨᠠᠭᠳᠠᠵᠤ ᠪᠠᠢᠨ᠎ᠠ᠃ ᠴᠣᠬᠣᠮ ᠠᠯᠢ ᠡᠳᠦᠷ ᠢ᠋ ᠨᠢ ᠮᠠᠷᠲᠠᠴᠢᠬᠠᠵᠠᠢ᠃ ᠦ ᠂ ᠰᠠᠨᠠᠭᠠᠨ ᠳ᠋ᠤ᠌ ᠣᠷᠣᠯ᠎ᠠ᠃ ᠦᠵᠡᠰᠬᠦᠯᠡᠩ ᠢ᠋ ᠬᠥᠯ ᠢ᠋ᠶ᠋ᠡᠨ ᠬᠤᠭᠤᠯᠤᠭᠤᠯᠤᠭᠰᠠᠨ ᠲᠡᠷᠡ ᠡᠳᠦᠷ ᠦ᠋ᠨ ᠦᠳᠡ ᠶ᠋ᠢᠨ ᠬᠣᠢᠨ᠎ᠠ ᠶᠤᠮ ᠪᠠᠢᠨ᠎ᠠ᠃ ᠪᠠᠢᠴᠠᠭᠠᠬᠤ ᠳᠤᠭᠤᠢᠯᠠᠩ ᠤ᠋ᠨ ᠬᠢᠨ ᠡᠮ ᠦ᠋ᠨ ᠭᠡᠷ ᠲᠡᠬᠢ ᠠᠵᠢᠯᠯᠠᠭᠴᠢᠳ ᠢ᠋ ᠪᠦᠷ ᠭᠠᠳᠠᠨ᠎ᠠ ᠭᠠᠷᠭᠠᠭᠠᠳ ᠨᠡᠯᠢᠶᠡᠳ ᠤᠳᠠᠭᠠᠨ ᠪᠠᠢᠴᠠᠭᠠᠭᠰᠠᠨ ᠶᠤᠮ᠃ ᠶᠠᠭ ᠡᠨᠡ ᠦᠶ᠎ᠡ ᠳ᠋ᠦ᠍᠂ ᠪᠣᠯᠤᠷᠴᠠᠭᠠᠨ ᠢᠷᠡᠭᠡᠳ ᠨᠢᠭᠡ ᠬᠠᠢᠷᠴᠠᠭ Bᠵᠢᠷᠭᠤᠳᠤᠭᠠᠷ ᠠᠪᠬᠤ ᠭᠡᠪᠡ᠃ ᠲᠡᠳᠡᠨᠡᠷ ᠢ᠋ ᠳᠥᠩᠭᠡᠵᠦ ᠶᠠᠪᠤᠮᠠᠭᠴᠠ ᠪᠢ ᠲᠡᠭᠦᠨ ᠳ᠋ᠦ᠍ ᠡᠮ ᠭᠠᠷᠭᠠᠵᠤ ᠥᠭᠭᠦᠭᠰᠡᠨ ᠪᠢᠯᠡ᠃
— ᠴᠢᠮ᠎ᠠ ᠲᠠᠢ ᠶᠠᠷᠢᠯᠴᠠᠭᠰᠠᠨ ᠲᠡᠷᠡ ᠬᠥᠮᠦᠨ ᠦ᠌ ᠳᠠᠭᠤ ᠨᠢ ᠲᠠᠨᠢᠭᠳᠠᠭᠰᠠᠨ ᠦᠭᠡᠢ ᠤᠤ?
— ᠲᠠᠨᠢᠭᠳᠠᠭᠰᠠᠨ ᠦᠭᠡᠢ᠃
— ᠴᠢᠮᠠᠲᠤ ᠥᠭᠡᠷ᠎ᠡ ᠰᠠᠨᠠᠯ ᠱᠠᠭᠠᠷᠳᠠᠯᠭ᠎ᠠ ᠪᠠᠢᠨ᠎ᠠ ᠤᠤ?
— ᠪᠢ᠁ ᠲᠡᠷᠡ᠂ ᠲᠡᠷᠡ ᠬᠦᠦ ᠶ᠋ᠢ ᠰᠡᠮᠡᠬᠡᠷ ᠨᠢᠭᠡ ᠦᠵᠡᠬᠦ ᠰᠠᠨᠠᠭᠠᠲᠠᠢ᠃ ᠪᠣᠯᠬᠤ ᠡᠰᠡᠬᠦ ᠶ᠋ᠢ᠁ ᠭᠡᠪᠡᠴᠦ ᠲᠠᠨᠢᠯᠴᠠᠶ᠎ᠠ ᠭᠡᠵᠦ ᠪᠣᠳᠣᠵᠤ ᠦᠭᠡᠢ᠃
— ᠥᠭᠡᠷ᠎ᠡ?
— ᠪᠠᠰᠠ᠂ ᠪᠠᠰᠠ ᠪᠢ ᠰᠢᠢᠳᠬᠡᠭᠳᠡᠬᠦ ᠡᠴᠡ ᠪᠡᠨ ᠡᠮᠦᠨ᠎ᠡ ᠪᠣᠯᠤᠷᠴᠠᠭᠠᠨ ᠲᠠᠢ ᠨᠢᠭᠡ ᠠᠭᠤᠯᠵᠠᠶ᠎ᠠ ᠭᠡᠵᠦ ᠪᠣᠳᠣᠵᠤ ᠪᠠᠢᠨ᠎ᠠ ᠭᠡᠳ ᠲᠡᠷᠡ ᠳᠣᠷᠣᠭᠰᠢ ᠬᠠᠷᠠᠨ ᠤᠷᠤᠭᠤᠯ ᠢ᠋ᠶ᠋ᠠᠨ ᠲᠦᠷ ᠵᠠᠭᠤᠵᠤ ᠠᠪᠤᠭᠠᠳ᠄
— ᠬᠡᠷᠪᠡ ᠮᠢᠨᠦ ᠡᠳᠡᠭᠡᠷ ᠱᠠᠭᠠᠷᠳᠠᠯᠭ᠎ᠠ ᠶ᠋ᠢ ᠪᠡᠶᠡᠯᠡᠭᠦᠯᠴᠢᠬᠡᠪᠡᠯ ᠪᠢ ᠡᠷᠯᠢᠭ ᠦ᠋ᠨ ᠣᠷᠳᠣᠨ ᠳ᠋ᠤ᠌ ᠣᠴᠢᠭᠰᠠᠨ ᠴᠦ᠍ ᠰᠡᠳᠬᠢᠯ ᠳᠦᠭᠦᠷᠡᠩ ᠶᠦᠮ᠃
— ᠲᠠ ᠦᠨᠡᠬᠡᠷ ᠠᠯᠠᠭᠳᠠᠬᠤ ᠡᠷᠡᠭᠦᠦ ᠳ᠋ᠦ᠍ ᠦᠭᠳᠡᠬᠦ ᠭᠡᠵᠦ ᠰᠠᠨᠠᠭᠰᠠᠭᠠᠷ ᠤᠤ? ᠬᠡᠷᠪᠡ ᠴᠢᠨᠦ ᠲᠤᠰᠢᠶᠠᠯᠲᠠ ᠪᠦᠷ ᠦᠨᠡᠨ ᠪᠣᠯ ᠡᠨᠡ ᠰᠢᠢᠳᠬᠡᠯ ᠳ᠋ᠦ᠍ ᠬᠦᠷᠬᠦ ᠦᠭᠡᠢ ᠶᠦᠮ᠃ ᠪᠢ ᠪᠠᠰᠠ ᠴᠢᠨᠦ ᠲᠤᠰᠢᠶᠠᠭᠰᠠᠨ ᠢ᠋ ᠪᠦᠷ ᠦᠨᠡᠨ ᠮᠠᠭᠠᠳ ᠭᠡᠵᠦ ᠦᠵᠡᠵᠦ ᠪᠠᠢᠨ᠎ᠠ ᠰᠢᠦ!
— ᠡᠨᠡ᠁
ᠡᠦ ᠹᠧᠩ ᠮᠧᠢ ᠣᠳᠣ ᠪᠣᠯᠲᠠᠯ᠎ᠠ ᠦᠨᠡᠬᠡᠷ ᠠᠯᠠᠭᠳᠠᠬᠤ ᠠ᠋ᠴᠠ ᠥᠭᠡᠷ᠎ᠡ ᠵᠠᠮ ᠦᠭᠡᠢ ᠭᠡᠵᠦ ᠪᠣᠳᠣᠭᠰᠠᠭᠠᠷ ᠠᠵᠢ᠃
ᠲᠡᠷᠡ ᠢᠯᠡ ᠰᠢᠭᠦᠯᠲᠡ ᠳᠡᠭᠡᠷ᠎ᠡ ᠭᠡᠷᠡᠴᠢ ᠬᠢᠭᠰᠡᠨ ᠡᠴᠡ ᠬᠣᠢᠰᠢ ᠶᠠᠭ ᠯᠠ ᠠᠮᠢ ᠪᠠᠨ ᠥᠭᠬᠦ ᠲᠠᠩᠭᠠᠷᠢᠭ ᠲᠠᠯᠪᠢᠵᠤ᠂ ᠠᠯᠠᠬᠤ ᠰᠢᠭᠦᠨ ᠲᠠᠰᠤᠯᠤᠯᠲᠠ ᠶ᠋ᠢ ᠤᠷᠢᠳᠴᠢᠯᠠᠨ ᠬᠦᠯᠢᠶᠡᠭᠰᠡᠨ ᠲᠡᠢ ᠠᠳᠠᠯᠢ ᠭᠡᠵᠦ ᠭᠦᠨ ᠰᠠᠨᠠᠵᠠᠢ᠃
ᠣᠷᠴᠢᠮ ᠤ᠋ᠨ ᠡᠳᠦᠷ ᠦ᠋ᠳ ᠲᠦ᠍ ᠲᠡᠷᠡ ᠠᠯᠠᠭᠳᠠᠬᠤ ᠴᠠᠭ ᠮᠥᠴᠡ ᠪᠡᠨ ᠨᠢᠭᠡ ᠴᠠᠭ ᠨᠢᠭᠡ ᠮᠢᠨᠦ᠋ᠲ ᠢ᠋ᠶ᠋ᠡᠷ ᠬᠦᠯᠢᠶᠡᠵᠦ ᠰᠠᠭᠤᠬᠤ ᠵᠣᠪᠠᠨᠢᠯ ᠤ᠋ᠨ ᠳᠤᠮᠳᠠ ᠠᠮᠢᠳᠤᠷᠠᠭᠰᠠᠭᠠᠷ ᠪᠠᠢᠯ᠎ᠠ᠃ ᠦᠨᠡᠨ ᠳᠦ ᠪᠡᠨ ᠲᠡᠷᠡ ᠪᠣᠯ ᠠᠶᠤᠭᠰᠠᠨ᠂ ᠠᠶᠤᠭᠰᠠᠨ ᠦᠭᠡᠢ ᠴᠦ᠍ ᠵᠠᠪᠠᠯ ᠬᠦᠷᠴᠦ ᠢᠷᠡᠬᠦ ᠴᠠᠭ ᠮᠥᠴᠡ ᠮᠥᠨ᠃ ᠲᠡᠷᠡᠴᠢᠯᠡᠨ ᠥᠪᠡᠷ ᠢ᠋ᠶ᠋ᠡᠨ ᠦᠢᠯᠡᠳᠦᠭᠰᠡᠨ ᠬᠡᠷᠡᠭ ᠶᠦ᠍ᠮ ᠴᠢᠨᠢ ᠠᠶᠤᠪᠠᠯ ᠪᠤᠤ ᠬᠢ᠂ ᠬᠢᠪᠡᠯ ᠪᠤᠤ ᠠᠶᠤ ᠭᠡᠭᠴᠢ ᠪᠡᠷ ᠨᠢᠭᠡᠨᠲᠡ ᠬᠢᠭᠰᠡᠨ ᠦ᠌ ᠬᠣᠢᠨ᠎ᠠ ᠲᠡᠭᠷᠢ ᠨᠤᠷᠠᠯ᠎ᠠ ᠭᠡᠳ ᠭᠠᠭᠴᠠᠭᠠᠷ ᠢ᠋ᠶ᠋ᠠᠨ ᠲᠤᠯᠵᠤ ᠠᠪᠤᠨ᠎ᠠ ᠭᠡᠵᠦ ᠪᠣᠳᠣᠬᠤ ᠳ᠋ᠤ᠌᠂ ᠲᠡᠭᠦᠨ ᠦ᠌ ᠵᠣᠷᠢᠭ ᠵᠢᠷᠦᠬᠡ ᠨᠢ ᠪᠦᠳᠦᠭᠦᠷᠡᠨ᠎ᠡ᠃ ᠾᠧᠩ᠂ ᠡᠦ ᠹᠧᠩ ᠮᠧᠢ ᠪᠢ ᠴᠠᠭᠠᠵᠠ ᠶ᠋ᠢᠨ ᠲᠠᠯᠠᠪᠠᠢ ᠳ᠋ᠤ᠌ ᠠᠯᠠᠭᠳᠠᠬᠤ ᠪᠠᠷ ᠬᠦᠷᠦᠭᠰᠡᠨ ᠴᠦ᠍ ᠤᠷᠤᠭᠤ ᠴᠢᠷᠠᠢᠯᠠᠨ ᠤᠰᠤᠨ ᠨᠢᠳᠦᠯᠡᠵᠦ ᠵᠣᠭᠰᠣᠬᠤ ᠦᠭᠡᠢ᠂ ᠬᠠᠷᠢᠨ ᠴᠡᠭᠡᠵᠢ ᠲᠡᠨᠡᠢᠨ᠂ ᠴᠢᠷᠠᠢ ᠬᠤᠪᠢᠷᠠᠯ ᠦᠭᠡᠢ ᠪᠠᠢᠵᠤ ᠫᠤᠤᠳᠠᠭᠳᠠᠨᠠ᠃ ᠲᠦᠮᠡᠨ ᠮᠠᠭᠤ᠂ ᠮᠢᠩᠭᠠᠨ ᠰᠢᠪᠰᠢᠭ ᠪᠣᠯᠤᠭᠰᠠᠨ ᠴᠦ᠍ ᠪᠢ ᠯᠡ ᠭᠠᠭᠴᠠᠭᠠᠷ ᠢ᠋ᠶ᠋ᠠᠨ ᠡᠭᠦᠷᠦᠨ᠎ᠡ᠃ ᠥᠭᠡᠷ᠎ᠡ ᠪᠤᠰᠤᠳ ᠲᠤ᠌ ᠬᠢᠯᠭᠠᠰᠤᠨ ᠲᠡᠳᠦᠢ ᠴᠦ᠍ ᠬᠠᠯᠳᠠᠭᠠᠬᠤ ᠦᠭᠡᠢ᠃ ᠬᠥᠮᠦᠰ ᠳᠡᠭᠡᠷ᠎ᠡ ᠳᠣᠣᠷ᠎ᠠ ᠨᠢ ᠳᠡᠯ ᠰᠡᠭᠦᠯ ᠨᠡᠮᠡᠨ᠂ ᠵᠡᠭᠡᠯᠢ ᠭᠤᠳᠤᠮᠵᠢ ᠪᠠᠷ ᠰᠣᠨᠢᠨ ᠪᠣᠯᠭᠠᠨ ᠬᠡᠯᠡᠵᠦ ᠳᠣᠷᠣᠮᠵᠢᠯᠠᠬᠤ ᠨᠢ ᠯᠠᠪᠲᠠᠢ᠃ ᠶᠠᠭᠠᠬᠢᠪᠠᠯ ᠶᠠᠭᠠᠬᠢᠭ ᠴᠠᠭᠠᠰᠢ ᠪᠠᠨ᠂ ᠬᠥᠮᠦᠨ ᠦ᠌ ᠦᠭᠡ ᠶᠠᠷᠢᠶ᠎ᠠ᠂ ᠦᠢᠯᠡ ᠠᠵᠢᠯᠯᠠᠭ᠎ᠠ ᠶ᠋ᠢ ᠬᠡᠨ ᠬᠣᠷᠢᠭᠯᠠᠵᠤ ᠴᠢᠳᠠᠨ᠎ᠠ ᠪᠣᠢ? ᠬᠠᠷᠢᠨ ᠥᠪᠡᠷ ᠢ᠋ᠶ᠋ᠡᠨ ᠬᠠᠷᠪᠤᠭᠳᠠᠨ ᠤᠨᠠᠮᠠᠭᠴᠠ ᠬᠠᠮᠤᠭ ᠨᠢᠭᠦᠯ ᠥᠷᠢ ᠪᠡᠨ ᠲᠥᠯᠦᠴᠢᠬᠡᠭᠰᠡᠨ ᠨᠢ ᠲᠡᠷᠡ᠃ ᠶᠠᠭᠠᠬᠢᠭᠰᠠᠨ ᠴᠦ᠍ ᠪᠣᠯᠤᠷᠴᠠᠭᠠᠨ ᠰᠢᠭ᠋᠁ ᠬᠡᠯᠡᠯᠭᠡᠨ ᠦᠭᠡᠢ᠂ ᠪᠣᠯᠤᠷᠴᠠᠭᠠᠨ ᠤ᠋ ᠬᠢᠯᠢᠰ ᠬᠠᠰᠬᠢᠷᠤᠨ ᠠᠮᠢ ᠮᠤᠯᠲᠤᠷᠠᠭᠰᠠᠨ ᠳ᠋ᠤ᠌ ᠲᠡᠷᠡ ᠮᠠᠰᠢ ᠵᠠᠪᠰᠢᠶᠠᠷᠬᠠᠨ ᠪᠠᠶᠠᠷᠯᠠᠭᠰᠠᠨ᠃
ᠡᠷᠭᠢᠭᠡᠳ ᠣᠳᠣ ᠣᠷᠣᠨ ᠳ᠋ᠤᠨᠢ ᠥᠪᠡᠷ ᠦ᠋ᠨ ᠠᠮᠢ ᠪᠠᠨ ᠬᠦᠷᠭᠡᠬᠦ ᠳ᠋ᠦ᠍ ᠥᠴᠦᠬᠡᠨ ᠴᠦ᠍ ᠬᠠᠷᠠᠮᠰᠠᠬᠤ ᠦᠭᠡᠢ᠃ ᠶᠡᠷᠦ ᠨᠢ ᠲᠡᠷᠡ ᠤᠤᠯ ᠠ᠋ᠴᠠ ᠪᠠᠨ ᠪᠣᠯᠤᠷᠴᠠᠭᠠᠨ ᠤ᠋ ᠠᠮᠢᠳᠤ ᠶᠠᠪᠤᠬᠤ ᠶ᠋ᠢ ᠡᠷᠡᠮᠡᠯᠵᠡᠨ ᠬᠦᠰᠡᠭᠰᠡᠭᠡᠷ ᠢᠷᠡᠵᠡᠢ᠃ ᠨᠡᠭᠡᠷᠡᠨ ᠲᠡᠭᠦᠨ ᠢ᠋ ᠠᠯᠠᠬᠤ ᠳ᠋ᠤ᠌ ᠰᠡᠳᠬᠢᠯ ᠦ᠋ᠨ ᠴᠠᠭᠠᠨ᠎ᠠ ᠠ᠋ᠴᠠ ᠪᠠᠨ ᠲᠦᠪᠳᠡᠬᠦ ᠦᠭᠡᠢ ᠪᠠᠢᠳᠠᠭ᠃
ᠡᠦ ᠹᠧᠩ ᠮᠧᠢ ᠳ᠋ᠦ᠍᠂ ᠪᠣᠯᠤᠷᠴᠠᠭᠠᠨ ᠤ᠋ ᠠᠮᠢ ᠮᠤᠯᠲᠤᠷᠠᠭᠰᠠᠨ ᠨᠢ ᠨᠢᠭᠡ ᠤᠳᠠᠭᠠᠨ ᠤ᠋ ᠰᠡᠳᠬᠢᠯ ᠦ᠋ᠨ ᠥᠷᠢ ᠳᠠᠷᠤᠭᠠᠰᠤ ᠶ᠋ᠢ ᠬᠥᠩᠭᠡᠯᠡᠬᠦ ᠠᠯᠪᠠ ᠬᠠᠷᠢᠭᠤᠯᠲᠠ ᠪᠣᠯᠤᠭᠰᠠᠨ ᠮᠡᠲᠦ ᠰᠠᠨᠠᠭᠳᠠᠨ᠎ᠠ᠃ ᠬᠡᠷᠪᠡ ᠪᠣᠯᠤᠷᠴᠠᠭᠠᠨ ᠠᠯᠠᠭᠳᠠᠬᠤ ᠳ᠋ᠤ᠌ ᠬᠦᠷᠪᠡᠯ ᠲᠡᠷᠡ ᠬᠦ᠌ ᠲᠥᠯᠥᠵᠦ ᠳᠡᠢᠯᠦᠰᠢ ᠦᠭᠡᠢ ᠬᠥᠮᠦᠨᠴᠢ ᠴᠢᠨᠠᠷ ᠤ᠋ᠨ ᠥᠷᠢ ᠳᠠᠩᠰᠠ᠂ ᠡᠭᠦᠷᠴᠦ ᠦᠯᠦ ᠳᠠᠭᠠᠭᠠᠬᠤ ᠰᠡᠳᠬᠢᠯ ᠦ᠋ᠨ ᠳᠠᠷᠤᠭᠠᠰᠤ ᠨᠢ ᠲᠡᠭᠦᠨ ᠢ᠋ ᠨᠠᠰᠤᠨ ᠲᠤᠷᠰᠢᠳᠠ ᠲᠠᠷᠴᠢᠯᠭᠠᠵᠤ᠂ ᠨᠢᠭᠡ ᠡᠳᠦᠷ ᠴᠦ᠍ ᠠᠭᠤᠵᠢᠮ ᠠᠮᠢᠰᠬᠤᠭᠤᠯᠬᠤ ᠳ᠋ᠤ᠌ ᠪᠡᠷᠬᠡ ᠪᠣᠯᠭᠠᠬᠤ ᠶᠤᠮ᠃
ᠢᠩᠭᠢᠵᠦ ᠠᠮᠢᠳᠤᠷᠠᠬᠤ ᠨᠢ ᠦᠬᠦᠭᠰᠡᠨ ᠳᠦ ᠪᠡᠨ ᠬᠦᠷᠬᠦ ᠦᠭᠡᠢ ᠭᠡᠵᠦ ᠪᠣᠳᠣᠬᠤ ᠳ᠋ᠤ᠌ ᠰᠠᠨᠠᠭ᠎ᠠ ᠨᠢ ᠲᠠᠯᠪᠢᠭᠤᠷᠠᠨ ᠵᠣᠷᠢᠭ ᠨᠢ ᠪᠦᠳᠦᠭᠦᠷᠡᠵᠦ᠂ ᠡᠯᠳᠡᠪ ᠦ᠋ᠨ ᠶᠠᠭᠤᠮ᠎ᠠ ᠪᠣᠳᠣᠬᠤ ᠪᠠᠨ ᠪᠣᠯᠢᠴᠢᠬᠠᠳᠠᠭ᠃ ᠬᠡᠷᠪᠡ ᠬᠠᠤᠯᠢ ᠶ᠋ᠢᠨ ᠪᠠᠢᠭᠤᠯᠭ᠎ᠠ ᠠ᠋ᠴᠠ ᠲᠡᠭᠦᠨ ᠦ᠌ ᠭᠡᠷᠡᠴᠢ ᠶ᠋ᠢ ᠢᠲᠡᠭᠡᠪᠡᠯ ᠪᠣᠯᠤᠷᠴᠠᠭᠠᠨ ᠯᠠᠪᠲᠠᠢ ᠰᠤᠯᠠᠯᠠᠭᠳᠠᠨ ᠠᠮᠢᠳᠤᠷᠠᠨ᠎ᠠ᠃ ᠢᠩᠭᠢᠪᠡᠯ ᠲᠡᠷᠡ ᠡᠳᠦᠢ ᠴᠢᠨᠡᠭᠡᠨ ᠡᠳᠦᠷ ᠰᠢᠭᠤᠳᠤᠭᠰᠠᠨ ᠵᠣᠷᠢᠭ ᠲᠤ ᠪᠠᠨ ᠬᠦᠷᠴᠢᠬᠡᠯ᠎ᠡ ᠭᠡᠰᠡᠨ ᠦᠭᠡ᠃ ᠬᠡᠷᠪᠡ ᠢᠲᠡᠭᠡᠬᠦ ᠦᠭᠡᠢ ᠪᠣᠯ ᠦᠷ᠎ᠡ ᠳ᠋ᠦᠩ ᠨᠢ ᠶᠠᠮᠠᠷ ᠪᠣᠯᠬᠤ ᠶ᠋ᠢ ᠪᠤᠤ ᠮᠡᠳᠡ᠃ ᠬᠠᠷ᠎ᠠ ᠵᠣᠷᠢᠭ ᠰᠢᠭᠤᠳᠤᠭᠰᠠᠨ ᠡᠨᠡ ᠪᠦᠰᠡᠭᠦᠢ᠂ ᠪᠤᠯᠤᠷᠴᠠᠭᠠᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠬᠤ ᠳ᠋ᠤ᠌᠂ ᠭᠠᠭᠴᠠ ᠬᠥᠮᠦᠨ ᠦ᠌ ᠦᠭᠡ ᠭᠡᠷᠡᠴᠢ ᠪᠣᠯᠵᠤ ᠪᠣᠯᠤᠨᠠᠤ ᠭᠡᠵᠦ ᠠᠰᠠᠭᠤᠭᠰᠠᠨ ᠨᠢ ᠡᠢᠮᠦ ᠵᠣᠷᠢᠯᠭ᠎ᠠ ᠶ᠋ᠢᠨ ᠡᠭᠦᠰᠦᠯ ᠪᠠᠢᠵᠠᠢ᠃ ᠲᠡᠭᠦᠨ ᠦ᠌ ᠪᠦᠬᠦ ᠪᠣᠳᠣᠯ ᠰᠡᠳᠬᠢᠯ ᠨᠢ ᠪᠣᠯᠤᠷᠴᠠᠭᠠᠨ ᠢ᠋ ᠠᠪᠤᠷᠠᠵᠤ᠂ ᠥᠪᠡᠷ ᠢ᠋ᠶ᠋ᠡᠨ ᠦᠬᠦᠬᠦ ᠳᠡᠭᠡᠷ᠎ᠡ ᠲᠥᠪᠯᠡᠷᠡᠵᠡᠢ᠃ ᠡᠢᠮᠦᠷᠬᠦᠦ ᠦᠬᠦᠵᠦ ᠠᠮᠢᠳᠤᠷᠠᠬᠤ ᠶ᠋ᠢᠨ ᠰᠣᠯᠢᠯᠴᠠᠭ᠎ᠠ ᠲᠡᠭᠦᠨ ᠦ᠌ ᠵᠣᠷᠢᠭ ᠰᠦᠯᠳᠡ ᠶ᠋ᠢ ᠬᠥᠪᠴᠢᠯᠡᠵᠦ ᠪᠠᠲᠤ ᠰᠢᠭᠤᠷᠬᠠᠢ ᠪᠣᠯᠭᠠᠭᠰᠠᠨ ᠪᠠᠢᠯ᠎ᠠ᠃
ᠪᠣᠯᠤᠷᠴᠠᠭᠠᠨ ᠤ᠋ ᠬᠢᠯᠢᠰ ᠬᠠᠰᠬᠢᠷᠤᠨ ᠮᠠᠨᠠᠷᠠᠭᠰᠠᠨ ᠨᠢ ᠲᠡᠭᠦᠨ ᠳ᠋ᠦ᠍ ᠳᠠᠩᠴᠤ ᠦᠭᠡᠨᠴᠡ ᠳᠣᠷᠣᠢ ᠰᠠᠨᠠᠭᠳᠠᠳᠠᠭ ᠪᠠᠢᠭᠰᠠᠨ᠃ ᠲᠡᠭᠦᠨ ᠢ᠋ ᠶᠠᠮᠠᠷ ᠡᠷ᠎ᠡ ᠬᠦᠢᠰᠦᠲᠡᠨ ᠭᠡᠵᠦ ᠬᠡᠯᠡᠬᠦ ᠪᠣᠢ? ᠡᠦ ᠹᠧᠩ ᠮᠧᠢ ᠯᠠᠪᠲᠠᠢ ᠲᠡᠭᠡᠵᠦ ᠬᠠᠰᠬᠢᠷᠬᠤ ᠦᠭᠡᠢ᠂ ᠨᠡᠭᠡᠷᠡᠨ ᠬᠢᠯᠢᠰᠳᠡᠯᠡ ᠭᠡᠳ ᠲᠡᠭᠡᠵᠦ ᠬᠠᠰᠬᠢᠷᠬᠤ ᠦᠭᠡᠢ ᠶᠦᠮ᠃ ᠬᠤᠳᠠᠯ ᠭᠡᠪᠡᠯ ᠴᠠᠭᠠᠵᠠ ᠶ᠋ᠢᠨ ᠲᠠᠯᠠᠪᠠᠢ ᠳ᠋ᠤ᠌ ᠬᠦᠷᠭᠡᠬᠦ ᠡᠳᠦᠷ ᠯᠡ ᠬᠠᠷᠠᠵᠤ ᠪᠠᠢ ᠭᠡᠵᠦ ᠰᠢᠲᠦ ᠵᠠᠭᠤᠨ ᠵᠣᠷᠢᠭ ᠰᠢᠭᠤᠳᠤᠨ᠎ᠠ᠃ ᠲᠡᠷᠡ ᠡᠨᠡ ᠬᠦ᠌ ᠬᠠᠴᠢᠨ ᠰᠣᠨᠢᠨ ᠲᠥᠷᠥᠭᠳᠡᠯ ᠢ᠋ᠶ᠋ᠡᠨ ᠥᠪᠡᠷ ᠢ᠋ᠶ᠋ᠡᠨ ᠴᠦ᠍ ᠲᠠᠢᠯᠪᠤᠷᠢᠯᠠᠵᠤ ᠴᠢᠳᠠᠬᠤ ᠦᠭᠡᠢ ᠪᠠᠢᠯ᠎ᠠ᠃ ᠭᠡᠲᠡᠯ᠎ᠡ ᠡᠨᠡ ᠬᠦ᠌ ᠲᠥᠷᠥᠭᠳᠡᠯ ᠢ᠋ᠶ᠋ᠡᠨ ᠲᠠᠶᠠᠭᠳᠠᠬᠤ ᠪᠠᠷ ᠣᠷᠣᠯᠳᠣᠭᠰᠠᠨ ᠴᠦ᠍ ᠴᠢᠳᠠᠰᠢ ᠦᠭᠡᠢ ᠪᠠᠢᠪᠠ᠃ ᠴᠣᠬᠣᠮ ᠪᠣᠯᠤᠷᠴᠠᠭᠠᠨ ᠲᠡᠭᠦᠨ ᠢ᠋ ᠬᠠᠮᠠᠭᠠᠯᠠᠬᠤ ᠦᠭᠡᠢ ᠠᠮᠢ ᠪᠠᠨ ᠦᠯᠡᠳᠡᠭᠡᠭᠰᠡᠨ ᠡᠴᠡ ᠪᠣᠯᠤᠭᠰᠠᠨ ᠬᠣᠣᠷ ᠶᠤᠮ ᠤᠤ? ᠥᠪᠡᠷ ᠢ᠋ᠶ᠋ᠡᠨ ᠶᠠᠯ᠎ᠠ ᠪᠠᠨ ᠲᠤᠰᠢᠶᠠᠨ ᠭᠡᠷᠡᠴᠢ ᠬᠢᠬᠦ ᠳ᠋ᠦ᠍ ᠪᠣᠢ ᠪᠣᠯᠤᠭᠰᠠᠨ ᠡᠷᠴᠢ ᠵᠣᠷᠢᠭ ᠤᠤ? ᠥᠪᠡᠷ ᠦ᠋ᠨ ᠠᠵᠢᠯ ᠤ᠋ᠨ ᠡᠨᠳᠡᠯ᠂ ᠠᠮᠢᠳᠤᠷᠠᠯ ᠤ᠋ᠨ ᠭᠠᠵᠢᠭᠤ ᠪᠠᠨ ᠵᠢᠭᠰᠢᠭᠰᠡᠨ ᠬᠣᠷᠣᠰᠤᠯ ᠠ᠋ᠴᠠ ᠤᠤ? ᠪᠦᠷ ᠪᠢᠰᠢ ᠰᠢᠭ᠃ ᠡᠰᠡᠬᠦᠯ᠎ᠡ ᠲᠥᠷᠥᠯᠬᠢ ᠵᠠᠩ ᠴᠢᠨᠠᠷ ᠠ᠋ᠴᠠ ᠪᠣᠯᠤᠭᠰᠠᠨ ᠥᠰᠢᠶᠡᠷᠬᠡᠬᠦ ᠪᠣᠳᠣᠯ ᠶᠤᠮ ᠤᠤ? ᠮᠡᠳᠡᠬᠦ ᠦᠭᠡᠢ᠃ ᠲᠡᠷᠡ ᠡᠢᠮᠦ ᠪᠤᠳᠤᠯᠢᠶᠠᠨᠲᠤ ᠰᠡᠳᠬᠢᠯᠭᠡ ᠶ᠋ᠢᠨ ᠳᠤᠮᠳᠠ ᠳᠠᠬᠢᠭᠠᠳ ᠶᠠᠭᠤ ᠴᠦ᠍ ᠳᠤᠤᠭᠠᠷᠤᠯ ᠦᠭᠡᠢ ᠪᠡᠷ ᠠᠮᠢ ᠨᠠᠰᠤᠨ ᠤ᠋ ᠪᠠᠨ ᠡᠴᠦᠰ ᠦ᠋ᠨ ᠰᠧᠺᠦ᠋ᠨ᠋ᠳ᠋ ᠢ᠋ ᠬᠦᠯᠢᠶᠡᠨ᠎ᠡ ᠭᠡᠵᠦ ᠰᠢᠢᠳᠴᠡᠢ᠃
ᠭᠡᠲᠡᠯ᠎ᠡ ᠥᠨᠥᠳᠥᠷ ᠲᠦᠪᠰᠢᠨ ᠦ᠌ ᠰᠢᠭᠦᠯᠲᠡ ᠨᠡᠬᠡᠮᠵᠢᠯᠡᠯᠲᠡ ᠳ᠋ᠦ᠍᠂ ᠡᠮᠡᠭᠲᠡᠢ ᠬᠥᠮᠦᠨ ᠳ᠋ᠦ᠍ ᠯᠡ ᠪᠠᠢᠳᠠᠭ ᠠᠷᠪᠠᠨ ᠮᠣᠷᠢ ᠪᠠᠷ ᠲᠠᠲᠠᠭᠰᠠᠨ ᠴᠦ᠍ ᠦᠯᠦ ᠡᠷᠭᠢᠮ᠎ᠡ ᠵᠣᠷᠢᠭ ᠰᠢᠢᠳᠪᠦᠷᠢ ᠨᠢ ᠡᠷᠭᠢᠭᠡᠳ ᠪᠠᠭᠤᠷᠠᠵᠤ ᠡᠬᠢᠯᠡᠪᠡ᠃ ᠢᠩᠭᠢᠭᠡᠳ ᠲᠡᠷᠡ ᠴᠠᠭᠠᠪᠤᠷᠯᠠᠨ ᠲᠤᠰᠢᠶᠠᠭᠰᠠᠨ ᠢ᠋ᠶ᠋ᠠᠷ ᠦᠯᠦ ᠪᠠᠷᠠᠨ ᠨᠠᠰᠤᠨ ᠲᠤᠷᠰᠢ ᠳᠠᠷᠤᠬᠤ ᠪᠠᠷ ᠵᠣᠷᠢᠭᠰᠠᠨ ᠬᠡᠦᠬᠡᠨ ᠦᠶ᠎ᠡ ᠶ᠋ᠢᠨ ᠨᠢᠭᠤᠴᠠ ᠵᠦᠢᠯ ᠢ᠋ᠶ᠋ᠡᠨ ᠬᠦᠷᠲᠡᠯ᠎ᠡ ᠲᠤᠰᠢᠶᠠᠵᠠᠢ᠃ ᠬᠦᠦ ᠶ᠋ᠢᠨ ᠬᠢᠨᠢ ᠠᠮᠢᠳᠤ ᠪᠠᠢᠭ᠎ᠠ ᠶᠠᠪᠤᠳᠠᠯ ᠦᠨᠡᠬᠡᠷ ᠲᠡᠭᠦᠨ ᠦ᠌ ᠰᠠᠨᠠᠭᠠᠨ ᠠ᠋ᠴᠠ ᠭᠠᠳᠠᠭᠤᠷ ᠶᠠᠪᠤᠳᠠᠯ ᠪᠣᠯᠵᠠᠢ᠃ ᠲᠡᠷᠡ ᠲᠣᠷᠮᠣᠭᠣᠷ ᠬᠦᠦ᠁ ᠨᠡᠭᠡᠷᠡᠨ ᠢᠲᠡᠭᠡᠰᠢ ᠦᠭᠡᠢ᠃ ᠦᠨᠡᠨ ᠭᠡᠵᠢ ᠤᠤ? ᠲᠡᠷᠡ ᠡᠴᠦᠰ ᠲᠤ ᠪᠠᠨ ᠬᠠᠰᠢ ᠯᠠ ᠢᠲᠡᠭᠡᠯ᠎ᠡ᠃ ᠲᠦᠪᠰᠢᠨ ᠯᠠᠪ ᠲᠡᠭᠦᠨ ᠢ᠋ ᠮᠡᠬᠡᠯᠡᠬᠦ ᠦᠭᠡᠢ ᠶᠦᠮ᠃ ᠢᠡᠭᠭᠢᠵᠤ ᠰᠠᠳᠭᠢᠯ ᠢ᠋ᠶ᠋ᠡᠷ ᠤᠨᠠᠭᠰᠠᠨ ᠭᠰᠠᠨᠠ ᠲᠡᠭᠦᠨ ᠢ᠋ ᠮᠡᠬᠡᠯᠡᠬᠦ ᠬᠡᠷᠡᠭᠴᠡᠭᠡ᠂ ᠴᠢᠬᠤᠯᠠ ᠶᠡᠷᠦᠳᠡᠭᠡᠨ ᠦᠭᠡᠢ᠂ ᠨᠡᠩ ᠡᠨᠡ ᠲᠥᠪᠯᠡᠭᠦᠨ ᠴᠢᠩᠭ᠎ᠠ ᠰᠢᠭᠦᠬᠦ ᠲᠢᠩᠬᠢᠮ ᠳ᠋ᠦ᠍ ᠲᠡᠭᠦᠨ ᠢ᠋ ᠮᠡᠭᠡᠯᠡᠭᠡᠳ ᠶᠠᠭᠠᠬᠢᠬᠤ ᠪᠣᠢ᠂ ᠠᠢ᠂ ᠶᠠᠭᠤ ᠭᠡᠵᠦ ᠬᠡᠯᠡᠨ᠎ᠡ ᠳᠡ᠃
ᠲᠡᠷᠡ ᠠᠩᠬᠠᠨ ᠳᠤ ᠪᠠᠨ ᠠᠯᠠᠭᠳᠠᠬᠤ ᠠ᠋ᠴᠠ ᠪᠠᠨ ᠠᠶᠤᠬᠤ ᠦᠭᠡᠢ ᠪᠠᠢᠭᠰᠠᠨ ᠤ᠋ ᠤᠴᠢᠷ ᠰᠢᠯᠲᠠᠭᠠᠨ ᠪᠣᠯ᠂ ᠲᠡᠭᠦᠨ ᠦ᠌ ᠳᠡᠭᠡᠷ᠎ᠡ ᠨᠢ ᠡᠨᠡᠷᠢᠬᠦ ᠠᠪᠤ ᠡᠵᠢ᠂ ᠳᠡᠷᠭᠡᠳᠡ ᠨᠢ ᠲᠦᠰᠢᠬᠦ ᠡᠷ᠎ᠡ ᠨᠥᠬᠥᠷ᠂ ᠠᠬᠠᠰ ᠵᠠᠬᠠᠰ᠂ ᠳᠣᠷᠣᠭᠰᠢ ᠪᠠᠨ ᠬᠠᠢᠷᠠᠯᠠᠬᠤ ᠦᠷ᠎ᠡ ᠬᠡᠦᠬᠡᠳ ᠭᠡᠵᠦ ᠦᠭᠡᠢ ᠪᠠᠢᠭᠰᠠᠨ ᠠ᠋ᠴᠠ ᠪᠣᠯᠵᠠᠢ᠃ ᠥᠭᠡᠷ᠎ᠡ ᠪᠡᠷ ᠬᠡᠯᠡᠪᠡᠯ ᠲᠡᠭᠦᠨ ᠦ᠌ ᠲᠥᠯᠥᠭᠡ ᠵᠣᠪᠠᠵᠤ ᠭᠤᠨᠢᠬᠤ ᠬᠥᠮᠦᠨ ᠦᠭᠡᠢ᠃ ᠲᠡᠷᠡ ᠴᠦ᠍ ᠰᠠᠨᠠᠭᠠᠯᠵᠠᠵᠤ ᠳᠤᠷᠠᠰᠬᠤ ᠬᠥᠮᠦᠨ ᠦᠭᠡᠢ᠃ ᠶᠠᠭᠠᠬᠢᠭᠰᠠᠨ ᠠᠵᠠ ᠪᠤᠰᠤ ᠤᠴᠠᠷᠠᠯ ᠪᠣᠢ? ᠶᠠᠭ ᠬᠢᠲᠤᠭᠠᠨ ᠢᠷ ᠲᠦ᠍ ᠬᠦᠵᠦᠭᠦᠦ ᠲᠤᠯᠤᠭᠰᠠᠨ ᠪᠠᠴᠢᠮ ᠦᠶ᠎ᠡ ᠳ᠋ᠦ᠍᠂ ᠦᠬᠦᠯ ᠦ᠋ᠨ ᠨᠦᠬᠡᠨ ᠳᠦ ᠪᠡᠨ ᠥᠩᠭᠡᠢᠭᠰᠡᠨ ᠢᠷᠣ᠎ᠠ ᠶ᠋ᠢᠨ ᠴᠠᠭ ᠲᠤ᠌᠂ ᠲᠥᠷᠥᠭᠰᠡᠨ ᠬᠦᠦ ᠲᠡᠢ ᠪᠡᠨ ᠠᠭᠤᠯᠵᠠᠨ᠎ᠠ ᠭᠡᠭᠴᠢ ᠭᠡᠮᠡᠨ ᠪᠣᠳᠣᠬᠤ ᠳᠣᠳᠣᠮ ᠥᠪᠡᠷ ᠦ᠋ᠨ ᠬᠢᠭᠰᠡᠨ ᠠᠵᠢᠯᠯᠠᠭ᠎ᠠ ᠳᠤ ᠪᠠᠨ ᠭᠡᠮᠰᠢᠨ᠂ ᠡᠬᠡ ᠶ᠋ᠢᠨ ᠬᠠᠢᠷ᠎ᠠ ᠪᠠᠨ ᠥᠭᠴᠦ ᠴᠢᠳᠠᠭᠰᠠᠨ ᠦᠭᠡᠢ ᠳᠦ ᠪᠡᠨ ᠴᠢᠰᠤ ᠪᠠᠷ ᠤᠬᠢᠯᠠᠮᠠᠷ ᠰᠠᠨᠠᠭᠳᠠᠨ᠎ᠠ᠃
ᠠᠷᠪᠠᠨ ᠲᠠᠪᠤᠨ ᠵᠢᠯ ᠦ᠋ᠨ ᠲᠤᠷᠰᠢ ᠬᠦᠦ ᠳᠦ ᠪᠡᠨ ᠬᠡᠴᠢᠨᠡᠭᠡᠨ ᠣᠰᠣᠯᠳᠠᠵᠤ᠂ ᠶᠠᠭᠠᠬᠢᠵᠤ ᠪᠤᠷᠤᠭᠤᠳᠤᠭᠰᠠᠨ ᠢ᠋ᠶ᠋ᠠᠨ ᠪᠣᠳᠣᠵᠤ ᠰᠡᠳᠬᠢᠵᠦ ᠣᠯᠬᠤᠶ᠎ᠠ ᠪᠡᠷᠬᠡ ᠡᠴᠡ ᠪᠡᠷᠬᠡ ᠪᠣᠯᠤᠭᠰᠠᠨ᠃ ᠨᠠᠭᠠᠳᠤ ᠵᠠᠬ᠎ᠠ ᠳᠤ ᠪᠠᠨ ᠲᠡᠭᠦᠨ ᠢ᠋ ᠠᠮᠢᠳᠤ ᠪᠠᠢᠨ᠎ᠠ ᠭᠡᠵᠦ ᠪᠣᠳᠣᠭ᠎ᠠ ᠦᠭᠡᠢ ᠶᠦᠮ᠃ ᠶᠠᠭ ᠦᠨᠡᠨ ᠭᠣᠣᠯ ᠢ᠋ᠶ᠋ᠠᠷ ᠬᠡᠯᠡᠪᠡᠯ᠂ ᠬᠦᠦ ᠪᠡᠨ ᠬᠣᠷᠸ᠎ᠠ ᠳ᠋ᠤ᠌ ᠤᠨᠠᠭᠰᠠᠨ ᠴᠠᠭ ᠠ᠋ᠴᠠ ᠨᠢ ᠲᠡᠭᠦᠨ ᠦ᠌ ᠬᠥᠮᠦᠨ ᠪᠣᠯᠤᠨ ᠠᠮᠢᠳᠤᠷᠠᠬᠤ ᠶ᠋ᠢ ᠬᠦᠰᠡᠭᠡ ᠦᠭᠡᠢ ᠪᠢᠯᠡ᠃ ᠭᠡᠲᠡᠯ᠎ᠡ ᠥᠨᠥᠳᠥᠷ ᠦ᠋ᠨ ᠪᠤᠳᠤᠯᠢᠶᠠᠨᠲᠤ ᠣᠷᠴᠢᠨ ᠲᠣᠭᠣᠷᠢᠨ᠂ ᠬᠤᠪᠢ ᠵᠠᠶᠠᠭᠠᠨ ᠳᠤ ᠪᠠᠨ ᠠᠪᠴᠤ ᠬᠡᠯᠡᠪᠡᠯ᠂ ᠡᠨᠡ ᠬᠣᠷᠸ᠎ᠠ ᠳ᠋ᠤ᠌ ᠡᠢᠮᠦ ᠨᠢᠭᠡ ᠬᠦᠦ ᠳ᠋ᠦ᠍ ᠠᠮᠢ ᠨᠠᠰᠤ ᠣᠯᠭᠣᠭᠰᠠᠨ ᠨᠢ ᠲᠡᠭᠦᠨ ᠦ᠌ ᠠᠷᠢᠯᠭᠠᠵᠤ ᠴᠢᠳᠠᠰᠢ ᠦᠭᠡᠢ ᠪᠤᠷᠤᠭᠤᠳᠤᠯ ᠭᠡᠨᠡᠳᠡᠯ᠂ ᠬᠦᠨᠳᠦ ᠶᠡᠬᠡ ᠶᠠᠯ᠎ᠠ ᠨᠢᠭᠦᠯ ᠪᠠᠢᠵᠤ ᠮᠡᠳᠡᠨ᠎ᠡ᠃ ᠡᠭᠦᠨ ᠢ᠋ ᠰᠣᠨᠣᠰᠤᠭᠠᠳ ᠲᠡᠷᠡ ᠬᠡᠳᠦᠢ ᠪᠡᠷ ᠰᠠᠳᠭᠡᠯ ᠡᠮᠲᠡᠷᠡᠵᠦ᠂ ᠭᠡᠳᠡᠰᠦ ᠲᠠᠰᠤᠷᠠᠮᠠᠷ ᠭᠤᠨᠢᠨ ᠵᠣᠪᠠᠭᠰᠠᠨ ᠴᠦ᠍ ᠵᠣᠷᠢᠭ ᠰᠢᠭᠤᠳᠤᠨ ᠨᠢᠭᠡ ᠤᠳᠠᠭ᠎ᠠ ᠠᠭᠤᠯᠵᠠᠬᠤ ᠱᠠᠭᠠᠷᠳᠠᠯᠭ᠎ᠠ ᠲᠠᠯᠪᠢᠵᠠᠢ᠃ ᠥᠪᠡᠷ ᠦ᠋ᠨ ᠳᠣᠲᠣᠭᠠᠳᠤ ᠰᠡᠳᠬᠢᠯᠭᠡ ᠪᠡᠨ ᠲᠡᠷᠡ ᠨᠡᠭᠡᠷᠡᠨ ᠲᠠᠢᠯᠪᠤᠷᠢᠯᠠᠵᠤ ᠴᠢᠳᠠᠬᠤ ᠦᠭᠡᠢ᠃ ᠵᠥᠪᠬᠡᠨ ᠠᠯᠠᠭᠳᠠᠬᠤ ᠶ᠋ᠢᠨ ᠢ᠋ᠶ᠋ᠡᠨ ᠡᠮᠦᠨ᠎ᠡ ᠬᠣᠯᠠ ᠠ᠋ᠴᠠ ᠪᠤᠶᠤ ᠲᠠᠨᠢᠯᠴᠠᠬᠤ ᠦᠭᠡᠢ ᠪᠡᠷ ᠲᠡᠭᠦᠨ ᠲᠡᠢ ᠰᠡᠮᠡᠬᠡᠷ ᠨᠢᠭᠡ ᠠᠭᠤᠯᠵᠠᠶ᠎ᠠ᠃ ᠲᠡᠷᠡ ᠡᠢᠮᠦ ᠶᠠᠯ᠎ᠠ ᠨᠢᠭᠦᠯ ᠲᠡᠢ ᠪᠡᠷ ᠬᠥᠮᠦᠨ ᠦ᠌ ᠡᠬᠡ ᠪᠣᠯᠬᠤ ᠶ᠋ᠢ ᠬᠦᠰᠡᠬᠦ ᠦᠭᠡᠢ᠂ ᠬᠠᠷᠢᠨ ᠲᠡᠷᠡ ᠡᠢᠮᠦ ᠨᠢᠭᠡ ᠬᠦᠦ ᠶ᠋ᠢ ᠲᠥᠷᠥᠵᠦ ᠦᠯᠡᠳᠡᠭᠡᠰᠡᠨ ᠪᠠᠯᠠᠯᠵᠤ ᠪᠣᠯᠣᠰᠢ ᠦᠭᠡᠢ ᠲᠡᠦᠬᠡ ᠪᠡᠨ ᠪᠣᠳᠣᠬᠤ ᠳ᠋ᠤ᠌᠂ ᠲᠡᠭᠦᠨ ᠦ᠌ ᠬᠣᠵᠢᠮ ᠢᠷᠡᠭᠡᠳᠦᠢ ᠶ᠋ᠢ ᠰᠠᠨᠠᠭᠠᠰᠢᠷᠠᠬᠤ ᠪᠣᠳᠣᠯ ᠥᠪᠡᠷ ᠦ᠋ᠨ ᠡᠷᠬᠡ ᠦᠭᠡᠢ ᠲᠥᠷᠥᠵᠡᠢ᠃
ᠠᠢ᠂ ᠵᠠᠶᠠᠭ᠎ᠠ ᠳᠤᠲᠠᠭᠤ ᠬᠦᠦ ᠮᠢᠨᠢ᠂ ᠨᠠᠰᠤᠨ ᠲᠤᠷᠰᠢ ᠳᠤ ᠪᠠᠨ ᠡᠬᠡ ᠨᠢ ᠬᠡᠨ ᠭᠡᠳᠡᠭ ᠢ᠋ ᠮᠡᠳᠡᠬᠦ ᠦᠭᠡᠢ ᠪᠣᠯ ᠮᠢᠨᠦ ᠬᠤᠪᠢ ᠪᠤᠶᠠᠨ ᠳᠠ᠃ ᠲᠡᠷᠡ ᠲᠦᠪᠰᠢᠨ ᠭᠤᠸᠠᠢ ᠳ᠋ᠤ᠌ ᠨᠢᠭᠤᠴᠠ ᠪᠣᠯᠬᠢ ᠬᠠᠷᠢᠴᠠᠭ᠎ᠠ ᠲᠠᠢ᠂ ᠨᠡᠢᠯᠡᠵᠦ ᠬᠥᠮᠦᠨ ᠬᠣᠣᠷᠯᠠᠯ᠎ᠠ ᠭᠡᠮᠡᠷ ᠰᠡᠵᠢᠭᠲᠡᠨ ᠪᠣᠯᠤᠷᠴᠠᠭᠠᠨ ᠲᠠᠢ ᠠᠭᠤᠯᠵᠠᠬᠤ ᠭᠡᠵᠦ ᠠᠮᠠ ᠨᠡᠭᠡᠭᠡᠭᠰᠡᠨ ᠨᠢ ᠬᠡᠳᠦᠢ ᠥᠪᠡᠷ ᠦ᠋ᠨ ᠡᠷᠬᠡ ᠦᠭᠡᠢ ᠡᠴᠡ ᠪᠣᠯᠤᠭᠰᠠᠨ ᠴᠦ᠍ ᠬᠠᠷᠢᠨ ᠴᠠᠭᠠᠨᠠᠬᠢ ᠦᠨᠡᠨ ᠰᠡᠳᠬᠢᠯ ᠦ᠋ᠨ ᠬᠢᠨᠢ ᠡᠷᠡᠮᠡᠯᠵᠡᠯ ᠪᠠᠢᠵᠠᠢ᠃ ᠬᠡᠷᠪᠡ ᠡᠨᠡ ᠵᠠᠪᠰᠢᠶᠠᠨ ᠢ᠋ ᠠᠯᠳᠠᠪᠠᠯ ᠳᠠᠬᠢᠭᠠᠳ ᠶᠠᠮᠠᠷ ᠦᠷ᠎ᠡ ᠳ᠋ᠦᠩ ᠲᠡᠢ ᠪᠣᠯᠬᠤ ᠶ᠋ᠢ ᠲᠡᠷᠡ ᠣᠳᠣᠬᠠᠨ ᠳ᠋ᠤ᠌ ᠲᠥᠰᠦᠪᠯᠡᠵᠦ ᠴᠢᠳᠠᠬᠤ ᠦᠭᠡᠢ ᠮᠥᠷᠲᠡᠭᠡᠨ ᠨᠠᠷᠢᠨ ᠲᠥᠰᠥᠪᠯᠡᠨ ᠪᠣᠳᠣᠬᠤ ᠠ᠋ᠴᠠ ᠴᠦ᠍ ᠵᠢᠷᠦᠬᠡᠰᠢᠶᠡᠵᠦ ᠪᠠᠢᠯ᠎ᠠ᠃
ᠲᠡᠷᠡ ᠪᠣᠯᠤᠷᠴᠠᠭᠠᠨ ᠲᠠᠢ ᠠᠭᠤᠯᠵᠠᠭᠠᠳ ᠶᠠᠭᠤ ᠬᠡᠯᠡᠬᠦ ᠶᠦᠮ? ᠪᠦᠬᠦ ᠥᠩᠭᠡᠷᠡᠯᠲᠡ ᠪᠡᠨ ᠬᠡᠯᠡᠬᠦ ᠤᠤ? ᠬᠦᠦ ᠪᠡᠨ ᠠᠰᠠᠷᠠᠨ ᠬᠠᠷᠠᠭᠠᠯᠵᠠᠬᠤ ᠶ᠋ᠢ ᠨᠠᠢᠳᠠᠬᠤ ᠤᠤ? ᠡᠴᠦᠰ ᠦ᠋ᠨ ᠰᠠᠯᠤᠯᠲᠠ ᠬᠢᠬᠦ ᠤᠤ? ᠡᠨᠡ ᠪᠦᠬᠦᠨ ᠡᠴᠡ ᠠᠯᠢ ᠶ᠋ᠢ ᠨᠢ ᠬᠡᠯᠡᠬᠦ ᠪᠡᠨ ᠥᠪᠡᠷ ᠢ᠋ᠶ᠋ᠡᠨ ᠴᠦ᠍ ᠲᠣᠭᠲᠠᠭᠠᠵᠤ ᠴᠢᠳᠠᠬᠤ ᠦᠭᠡᠢ ᠪᠠᠶᠢᠭᠰᠠᠨ᠃ ᠶᠠᠭᠤ ᠴᠦ᠍ ᠪᠣᠯᠤᠭᠰᠠᠨ ᠨᠢᠭᠡ ᠠᠭᠤᠯᠵᠠᠬᠤ ᠰᠠᠨᠠᠭ᠎ᠠ ᠲᠥᠷᠥᠭᠳᠡᠭᠡᠳ ᠪᠠᠢᠨ᠎ᠠ᠃ ᠲᠡᠭᠦᠨ ᠲᠡᠢ ᠠᠭᠤᠯᠵᠠᠭᠠᠳ ᠦᠭᠡ ᠬᠡᠯᠡᠯᠴᠡᠬᠦ ᠦᠭᠡᠢ᠃ ᠦᠭᠡ ᠬᠡᠯᠡᠯᠴᠡᠪᠡᠯ ᠤᠬᠢᠯᠠᠵᠤ ᠮᠡᠳᠡᠨ᠎ᠡ᠃ ᠪᠢ ᠨᠢᠳᠦᠨ ᠳᠦ ᠪᠡᠨ ᠰᠢᠩᠭᠡᠭᠡᠵᠦ ᠠᠪᠤᠮᠠᠷ ᠬᠠᠷᠠᠨ᠎ᠠ᠃ ᠬᠥᠮᠦᠨ ᠦ᠌ ᠰᠡᠳᠬᠢᠯ ᠢ᠋ ᠦᠨᠡᠨᠴᠢ ᠪᠡᠷ ᠳᠤᠰᠬᠠᠳᠠᠭ ᠨᠢ ᠨᠢᠳᠦ ᠭᠡᠵᠦ ᠬᠥᠮᠦᠰ ᠬᠡᠯᠡᠯᠴᠡᠳᠡᠭ ᠪᠢᠯᠡ᠃ ᠦᠭᠡ ᠦᠨᠡᠨ ᠡᠴᠡ ᠬᠡᠲᠦᠷᠡᠵᠦ ᠪᠠᠭᠤᠷᠠᠵᠤ ᠪᠦᠷ ᠪᠣᠯᠤᠨ᠎ᠠ᠃ ᠭᠡᠲᠡᠯ᠎ᠡ ᠨᠢᠳᠦᠨ ᠡᠴᠡ ᠰᠠᠴᠤᠷᠠᠭᠰᠠᠨ ᠭᠡᠷᠡᠯ ᠭᠢᠯᠪᠠᠭ᠎ᠠ ᠪᠣᠯ ᠦᠨᠡᠨᠴᠢ ᠰᠢᠳᠤᠷᠭᠤ ᠶ᠋ᠢᠨ ᠲᠥᠯᠥᠭᠡᠯᠡᠯ᠂ ᠵᠢᠷᠦᠬᠡᠨ ᠡᠴᠡ ᠦᠷᠪᠢᠰᠦᠨ ᠰᠢᠲᠠᠭᠰᠠᠨ ᠭᠡᠷᠡᠯᠲᠦ ᠴᠠᠮᠬᠠᠭ᠃ ᠪᠢ ᠦᠭᠡ ᠳᠤᠤᠭᠠᠷᠬᠤ ᠦᠭᠡᠢ ᠪᠡᠷ ᠲᠡᠭᠦᠨ ᠢ᠋ ᠤᠳᠠᠭᠠᠨ ᠭᠡᠭᠴᠢ ᠬᠠᠷᠠᠨ᠎ᠠ ᠁
ᠡᠦ ᠹᠧᠩ ᠮᠧᠢ ᠨᠡᠭᠡᠷᠡᠨ ᠳᠣᠲᠣᠭᠠᠳᠤ ᠰᠡᠳᠬᠢᠯ ᠦ᠋ᠨ ᠤᠭ ᠠ᠋ᠴᠠ ᠪᠠᠨ ᠪᠣᠯᠤᠷᠴᠠᠭᠠᠨ ᠢ᠋ ᠠᠪᠤᠷᠠᠵᠤ ᠭᠠᠷᠭᠠᠬᠤ ᠪᠠᠷ ᠴᠢᠷᠮᠠᠢᠭᠰᠠᠨ ᠪᠢᠯᠡ᠃
ᠲᠡᠷᠡ ᠤᠳᠠᠭᠠᠨ ᠤ᠋ ᠢᠯᠡ ᠰᠢᠭᠦᠯᠲᠡ ᠡᠴᠡ ᠨᠠᠭᠠᠰᠢ ᠨᠢᠭᠡᠨᠲᠡ ᠠᠯᠢᠪᠠ ᠪᠣᠭᠦᠨ ᠢ᠋ ᠨᠥᠬᠥᠴᠡᠯ ᠦᠭᠡᠢ ᠪᠡᠷ ᠪᠡᠶ᠎ᠡ ᠳᠦ ᠪᠡᠨ ᠡᠭᠦᠷᠴᠦ ᠡᠳᠦᠢ ᠲᠡᠳᠦᠢ ᠬᠢᠯᠢᠰᠳᠡᠭᠰᠡᠨ ᠴᠦ᠍ ᠬᠠᠮᠢᠶᠠᠷᠤᠭᠰᠠᠨ ᠦᠭᠡᠢ᠃ ᠡᠴᠦᠰ ᠲᠤ ᠪᠠᠨ ᠪᠣᠯᠤᠷᠴᠠᠭᠠᠨ ᠢ᠋ ᠠᠪᠤᠷᠠᠬᠤ ᠵᠣᠷᠢᠯᠭ᠎ᠠ ᠳᠤ ᠪᠠᠨ ᠬᠦᠷᠴᠢᠬᠡᠪᠡᠯ ᠰᠠᠨᠠᠭ᠎ᠠ ᠬᠠᠩᠬᠤ ᠪᠣᠯᠤᠨ᠎ᠠ᠃ ᠢᠩᠭᠢᠭᠡᠳ ᠲᠡᠷᠡ ᠪᠤᠰᠤᠳ ᠬᠡᠷᠡᠭ ᠲᠦ᠍ ᠬᠣᠯᠪᠣᠭᠳᠠᠬᠤ ᠨᠠᠭᠠᠲᠠᠢ ᠴᠠᠭᠠᠲᠠᠢ ᠳᠠᠯᠳᠠ ᠨᠢᠭᠤᠴᠠ ᠬᠠᠷᠢᠴᠠᠭ᠎ᠠ ᠬᠣᠯᠪᠣᠭ᠎ᠠ ᠪᠦᠬᠦᠨ ᠢ᠋ ᠦᠬᠦᠨ ᠨᠢᠭᠤᠭᠰᠠᠨ ᠪᠢᠯᠡ᠃
ᠰᠠᠨᠠᠮᠰᠠᠷ ᠦᠭᠡᠢ ᠲᠦᠪᠰᠢᠨ ᠲᠡᠭᠦᠨ ᠢ᠋ ᠶᠠᠯ᠎ᠠ ᠦᠭᠡᠢ ᠭᠡᠮᠡᠨ ᠨᠡᠢᠲᠡᠯᠡᠬᠦ ᠳ᠋ᠦ᠍ ᠲᠡᠷᠡ ᠳᠣᠣᠷ᠎ᠠ ᠨᠢ ᠪᠣᠯᠤᠷᠴᠠᠭᠠᠨ ᠡᠷᠭᠢᠭᠡᠳ ᠠᠶᠤᠯᠲᠠᠢ ᠪᠣᠯᠤᠭᠰᠠᠨ ᠭᠡᠮᠡᠨ ᠲᠠᠭᠠᠮᠠᠭᠯᠠᠵᠤ᠂ ᠡᠳᠦᠢ ᠴᠢᠨᠡᠭᠡᠨ ᠭᠡᠷᠡᠴᠢ ᠪᠠᠷᠢᠮᠲᠠ᠂ ᠲᠡᠷᠡᠴᠢᠯᠡᠨ ᠠᠯᠳᠠᠷ ᠨᠡᠷ᠎ᠡ ᠪᠡᠨ ᠬᠠᠶᠠᠨ ᠠᠮᠢ ᠨᠠᠰᠤ ᠪᠠᠨ ᠴᠦᠯᠡᠭᠰᠡᠨ ᠴᠢᠷᠮᠠᠢᠯᠲᠠ ᠪᠦᠷ ᠦᠵᠡᠲᠡᠯ᠎ᠡ ᠬᠣᠭᠣᠰᠣᠨ ᠪᠣᠯᠤᠭᠰᠠᠨ ᠪᠣᠯᠤᠯᠲᠠᠢ ᠭᠡᠵᠦ ᠪᠣᠳᠣᠵᠠᠢ᠃
ᠲᠡᠷᠡ ᠠᠭᠤᠷᠯᠠᠯ᠎ᠠ᠂ ᠲᠡᠷᠡ ᠬᠣᠷᠣᠰᠤᠯᠠ᠃ ᠠ! ᠪᠣᠯᠵᠠᠢ᠃ ᠨᠠᠳᠠ ᠳᠠᠬᠢᠭᠠᠳ ᠨᠢᠭᠤᠬᠤ ᠵᠦᠢᠯ ᠦᠭᠡᠢ᠃ ᠪᠦᠬᠦᠨ ᠢ᠋ ᠬᠡᠯᠡᠨ᠎ᠡ᠃ ᠪᠦᠬᠦᠨ ᠢ᠋ ᠰᠣᠨᠣᠰᠬᠠᠨ᠎ᠠ᠃ ᠶᠠᠭᠠᠬᠢᠪᠠᠯ ᠶᠠᠭᠠᠬᠢᠭ ᠴᠠᠭᠠᠰᠢ ᠪᠠᠨ᠃ ᠥᠨᠳᠥᠷ ᠪᠣᠭᠣᠨᠢ ᠶ᠋ᠢ ᠲᠡᠭᠷᠢ ᠮᠡᠳᠡᠵᠦ᠂ ᠦᠨᠡᠨ ᠬᠤᠳᠠᠯ ᠢ᠋ ᠪᠤᠷᠬᠠᠨ ᠮᠡᠳᠡᠬᠦ᠃ ᠶᠠᠮᠠᠷ ᠦᠷ᠎ᠡ ᠳ᠋ᠦᠩ ᠣᠯᠬᠤ ᠶ᠋ᠢ ᠬᠤᠪᠢ ᠵᠠᠶᠠᠭ᠎ᠠ ᠮᠡᠳᠡᠭ ᠭᠡᠵᠦ ᠵᠣᠷᠢᠭ ᠰᠢᠭᠤᠳᠤᠭᠰᠠᠨ ᠪᠠᠢᠯ᠎ᠠ᠃
ᠤᠩᠰᠢᠭᠰᠠᠨ ᠨᠢ᠄ ᠴᠡᠴᠡᠭᠮ᠎ᠠ
