ᠬᠢᠯᠭᠠᠰᠤᠨ ᠳᠥᠷᠥᠭᠡᠨ ᠳᠡᠭᠡᠷᠡ - <ᠳᠣᠯᠣᠭᠠ>
ᠲᠦᠪᠰᠢᠨ ᠭᠤᠸᠠᠢ ᠶ᠋ᠢ ᠬᠠᠤᠯᠢ ᠶ᠋ᠢᠨ ᠮᠡᠷᠭᠡᠵᠢᠯ ᠦ᠋ᠨ ᠬᠢᠨᠠᠨ ᠲᠣᠭᠲᠠᠭᠠᠯ ᠬᠢᠬᠦ ᠠᠯᠪᠠᠨ ᠭᠡᠷ ᠡᠴᠡ ᠭᠠᠷᠴᠤ ᠢᠷᠡᠬᠦ ᠳ᠋ᠦ᠍ ᠨᠠᠷᠠ ᠰᠢᠩᠭᠡᠮᠡᠷ ᠪᠣᠯᠵᠤ ᠪᠠᠢᠯᠠ᠃
ᠲᠡᠷᠡ ᠲᠣᠯᠣᠭᠠᠢ ᠳᠠᠷᠤᠨ ᠤᠳᠠᠭᠠᠨ ᠠᠯᠬᠤᠯᠠᠭᠰᠠᠭᠠᠷ ᠬᠣᠯᠢᠰᠢᠨ ᠢᠳᠡᠭᠡᠨ ᠦ᠌ ᠬᠤᠳᠠᠯᠳᠤᠭᠠ ᠳ᠋ᠤ᠌ ᠣᠷᠣᠵᠤ ᠬᠠᠲᠠᠭᠠᠮᠠᠯ ᠪᠣᠣᠪᠣ᠂ ᠰᠦ ᠶ᠋ᠢᠨ ᠲᠠᠯᠬᠠ ᠵᠡᠷᠭᠡ ᠶ᠋ᠢᠨ ᠶᠠᠭᠤᠮᠠ ᠬᠤᠳᠠᠯᠳᠤᠨ ᠠᠪᠴᠤ ᠪᠣᠭᠴᠣᠨ ᠳᠤ ᠪᠠᠨ ᠬᠢᠭᠡᠳ ᠮᠠᠰᠢᠨ ᠲᠡᠷᠭᠡᠨ ᠳ᠋ᠦ᠍ ᠰᠢᠬᠠᠴᠠᠯᠳᠤᠨ ᠭᠠᠷᠴᠤ ᠲᠦᠮᠡᠨᠨᠠᠰᠤᠲᠤ ᠬᠣᠲᠠ ᠶ᠋ᠢᠨ ᠡᠮ ᠡᠮᠨᠡᠯᠭᠡ ᠶ᠋ᠢᠨ ᠰᠤᠳᠤᠯᠬᠤ ᠭᠠᠵᠠᠷ ᠢ᠋ ᠴᠢᠭᠯᠡᠪᠡ᠃
ᠲᠡᠷᠭᠡᠨ ᠳᠣᠲᠣᠷᠠᠬᠢ ᠬᠥᠮᠦᠰ ᠦ᠋ᠨ ᠰᠢᠬᠠᠯᠴᠠᠵᠤ ᠲᠦᠯᠬᠢᠯᠴᠡᠬᠦ ᠪᠠ ᠦᠢᠮᠡᠵᠦ ᠱᠤᠤᠭᠢᠬᠤ ᠨᠢ ᠲᠡᠭᠦᠨ ᠦ᠌ ᠪᠣᠳᠣᠯ ᠰᠡᠳᠬᠢᠴᠡ ᠶ᠋ᠢ ᠬᠤᠪᠢᠶᠠᠭᠳᠠᠭᠤᠯᠤᠭᠰᠠᠨ ᠦᠭᠡᠢ᠃
ᠲᠠᠷᠢᠬᠢᠨ ᠳ᠋ᠤᠨᠢ ᠵᠥᠪᠬᠡᠨ ᠡᠨᠡ ᠦᠳᠡ ᠶ᠋ᠢᠨ ᠬᠣᠢᠨᠠᠬᠢ ᠣᠯᠠᠨ ᠵᠦᠢᠯ ᠦ᠋ᠨ ᠳᠠᠪᠲᠠᠨ ᠪᠠᠢᠴᠠᠭᠠᠯᠲᠠ ᠠ᠋ᠴᠠ ᠢᠯᠡᠷᠡᠭᠰᠡᠨ ᠦᠷᠡ ᠳ᠋ᠦᠩ ᠡᠷᠭᠢᠯᠳᠦᠭᠰᠡᠭᠡᠷ ᠪᠠᠢᠯᠠ᠃
ᠲᠡᠷᠡ ᠡᠨᠡ ᠪᠦᠬᠦᠯᠢ ᠨᠢᠭᠡ ᠡᠳᠦᠷ ᠢ᠋ ᠬᠠᠤᠯᠢ ᠶ᠋ᠢᠨ ᠮᠡᠷᠭᠡᠵᠢᠯ ᠦ᠋ᠨ ᠬᠢᠨᠠᠨ ᠲᠣᠭᠲᠠᠭᠠᠯ ᠬᠢᠬᠦ ᠪᠢᠲᠡᠭᠦᠦ ᠪᠦᠳᠡᠭᠢ ᠭᠡᠷ ᠦ᠋ᠨ ᠥᠨᠳᠥᠷ ᠪᠣᠭᠣᠨᠢ ᠮᠠᠰᠢᠨ ᠲᠣᠨᠣᠭᠯᠠᠯ ᠤ᠋ᠨ ᠳᠡᠷᠭᠡᠳᠡᠭᠦᠷ ᠡᠷᠭᠢᠴᠡᠨ ᠬᠣᠯᠬᠢᠭᠰᠠᠭᠠᠷ ᠨᠥᠭᠴᠢᠭᠡᠪᠡ᠃ ᠦᠵᠡᠰᠬᠦᠯᠡᠩ ᠦ᠋ᠨ ᠦᠬᠦᠳᠡᠯ ᠢ᠋ ᠲᠤᠶᠠᠴᠢᠭᠠᠳ ᠳᠠᠬᠢᠨ ᠪᠠᠢᠴᠠᠭᠠᠬᠤ ᠳ᠋ᠤ᠌ ᠪᠡᠯᠡᠳᠬᠡᠨ ᠬᠤᠷᠢᠶᠠᠭᠰᠠᠨ ᠦᠯᠡᠳᠡᠭᠳᠡᠯ ᠶᠠᠭᠤᠮᠠᠰ ᠪᠠ ᠬᠡᠷᠡᠭ ᠦ᠋ᠨ ᠲᠠᠯᠠᠪᠠᠢ ᠠ᠋ᠴᠠ ᠣᠯᠤᠭᠰᠠᠨ ᠵᠡᠭᠦᠦ ᠶ᠋ᠢᠨ ᠲᠣᠯᠣᠭᠠᠢ ᠵᠡᠷᠭᠡ ᠡᠮ ᠲᠠᠷᠢᠬᠤ ᠪᠠᠭᠠᠵᠢ ᠶ᠋ᠢ ᠭᠠᠷᠭᠠᠨ ᠠᠪᠴᠤ᠂ ᠰᠢᠭᠦᠬᠦ ᠬᠣᠷᠢᠶᠠᠨ ᠤ᠋ ᠬᠠᠤᠯᠢ ᠶ᠋ᠢᠨ ᠡᠮᠴᠢ ᠲᠡᠢ ᠨᠡᠢᠯᠡᠨ ᠳᠠᠪᠲᠠᠨ ᠪᠠᠢᠴᠠᠭᠠᠯᠠ᠃ ᠭᠡᠪᠡᠴᠦ ᠣᠨᠴᠠᠭᠠᠢ ᠵᠦᠢᠯ ᠢ᠋ ᠢᠯᠡᠷᠡᠭᠦᠯᠵᠦ ᠴᠢᠳᠠᠭᠰᠠᠨ ᠦᠭᠡᠢ᠃
ᠵᠥᠪᠬᠡᠨ ᠨᠢᠭᠡ ᠪᠠᠭᠠ ᠮᠠᠳᠠᠭ ᠲᠠᠢ ᠠᠰᠠᠭᠤᠳᠠᠯ ᠢᠯᠡᠷᠡᠨ᠂ ᠪᠣᠯᠤᠷᠴᠠᠭᠠᠨ ᠤ᠋ ᠤᠤᠯ ᠠᠮᠠᠨ ᠥᠴᠢᠭ ᠲᠡᠢ ᠵᠦᠷᠢᠶᠡᠨ ᠲᠡᠢ ᠪᠣᠯᠪᠠ᠃ ᠡᠨᠡ ᠬᠦ᠌ ᠥᠴᠦᠬᠡᠨ ᠲᠡᠳᠦᠢ ᠵᠦᠢᠯ ᠢ᠋ ᠲᠦᠪᠰᠢᠨ ᠭᠤᠸᠠᠢ ᠰᠦᠷᠡᠬᠡᠢ ᠠᠩᠬᠠᠷᠤᠨ᠂ ᠰᠢᠷᠠ ᠨᠢᠳᠦ ᠨᠢ ᠬᠤᠷᠴᠠᠯᠠᠨ ᠭᠢᠯᠠᠯᠵᠠᠵᠤ ᠪᠠᠢᠯᠠ᠃ ᠡᠨᠡ ᠥᠴᠦᠬᠡᠨ ᠵᠥᠷᠢᠶᠡ ᠦᠵᠡᠰᠬᠦᠯᠡᠩ ᠳ᠋ᠦ᠍ ᠡᠮ ᠰᠠᠪᠠᠯᠠᠵᠤ ᠪᠠᠢᠭᠰᠠᠨ ᠰᠢᠯ ᠭᠤᠤᠷᠰᠤᠨ ᠠ᠋ᠴᠠ ᠢᠯᠡᠷᠡᠵᠡᠢ᠃ ᠡᠮ ᠲᠠᠷᠢᠬᠤ ᠭᠤᠤᠷᠰᠤᠨ ᠳ᠋ᠤ᠌ ᠦᠯᠡᠳᠡᠭᠰᠡᠨ ᠬᠡᠷᠴᠢᠮ ᠮᠥᠷ ᠡᠴᠡ ᠬᠠᠮᠤᠭ ᠰᠡᠭᠦᠯ ᠦ᠋ᠨ ᠤᠳᠠᠭᠠ ᠨᠠᠢᠳᠠ ᠳᠥᠷᠪᠡᠨ ᠮᠢᠯᠢᠯᠢᠲ᠋ᠷ ᠡᠮ ᠲᠠᠷᠢᠭᠰᠠᠨ ᠢ᠋ ᠲᠣᠳᠣᠯᠠᠵᠤ ᠭᠠᠷᠭᠠᠭᠰᠠᠨ ᠪᠠᠢᠨᠠ᠃ ᠭᠤᠤᠷᠰᠤᠨ ᠤ᠋ ᠳᠣᠲᠣᠷᠠ ᠬᠠᠲᠠᠭᠰᠠᠨ ᠡᠮ ᠢ᠋ ᠪᠠᠢᠴᠡᠭᠠᠬᠤ ᠳ᠋ᠤ᠌ ᠳᠣᠲᠣᠷᠠ ᠨᠢ A ᠭᠤᠷᠪᠠᠳᠤᠭᠠᠷ ᠂ B ᠵᠢᠷᠭᠤᠳᠤᠭᠠᠷ ᠤ᠋ᠨ ᠪᠦᠷᠢᠯᠳᠦᠬᠦᠨ ᠪᠦᠷ ᠪᠠᠢᠯᠠ᠃ ᠬᠣᠯᠢᠵᠤ ᠵᠠᠷᠤᠭᠰᠠᠨ ᠬᠡᠮᠵᠢᠶᠡ ᠨᠣᠷᠮᠠ ᠨᠢ ᠪᠠᠷᠤᠭ ᠲᠡᠩᠴᠡᠭᠦᠦ ᠰᠢᠭ᠃
ᠡᠨᠡ ᠨᠢ ᠪᠣᠯᠤᠷᠴᠠᠭᠠᠨ ᠤ᠋ ᠠᠮᠠᠨ ᠥᠴᠢᠭ ᠲᠦ ᠪᠡᠨ ᠲᠤᠰᠢᠶᠠᠭᠰᠠᠨ᠂ ᠬᠣᠶᠠᠷ ᠲᠥᠷᠥᠯ ᠦ᠋ᠨ ᠡᠮ ᠢ᠋ ᠨᠡᠢᠯᠡᠭᠦᠯᠦᠭᠡᠳ ᠨᠠᠢᠳᠠ ᠨᠠᠢ᠍ᠮᠠᠨ ᠮᠢᠯᠢᠯᠢᠲ᠋ᠷ ᠲᠠᠷᠢᠭᠰᠠᠨ ᠭᠡᠳᠡᠭ ᠲᠡᠢ ᠵᠦᠷᠢᠶᠡᠨ ᠲᠡᠢ ᠪᠣᠯᠵᠤ ᠂ ᠤᠤᠯ ᠤ᠋ᠨ ᠰᠢᠭᠦᠨ ᠲᠠᠰᠤᠯᠤᠯᠲᠠ ᠳ᠋ᠤ᠌ ᠪᠠᠲᠤᠯᠠᠨ ᠲᠣᠭᠲᠠᠭᠠᠭᠰᠠᠨ ᠠ᠋ᠴᠠ ᠶᠠᠭ ᠰᠠᠢᠬᠠᠨ ᠬᠠᠭᠠᠰ ᠳᠤᠲᠠᠭᠤ ᠪᠠᠢᠵᠠᠢ᠃ ᠬᠡᠷᠡᠭ ᠦ᠋ᠨ ᠲᠠᠯᠠᠪᠠᠢ ᠠ᠋ᠴᠠ ᠴᠦ᠍ ᠬᠣᠶᠠᠷᠬᠠᠨ ᠯᠣᠩᠬᠣ ᠣᠯᠳᠠᠵᠠᠢ᠂ ᠡᠭᠦᠨ ᠡᠴᠡ ᠦᠵᠡᠬᠦ ᠳ᠋ᠦ᠍ ᠨᠢᠭᠡ ᠪᠣᠯ ᠪᠣᠯᠤᠷᠴᠠᠭᠠᠨ ᠠᠮᠠᠨ ᠥᠴᠢᠭ ᠢ᠋ᠶ᠋ᠡᠨ ᠬᠤᠳᠠᠯ ᠵᠣᠬᠢᠶᠠᠭᠰᠠᠨ᠃ ᠭᠡᠲᠡᠯᠡ ᠡᠨᠡ ᠪᠣᠯᠤᠯᠴᠠᠭᠠ ᠲᠤᠩ ᠪᠠᠭᠠ᠂ ᠶᠠᠮᠠᠷ ᠬᠥᠮᠦᠨ ᠢᠩᠭᠢᠵᠦ ᠱᠠᠯ ᠲᠡᠨᠡᠭ ᠢ᠋ᠶ᠋ᠡᠷ ᠬᠤᠳᠠᠯ ᠭᠡᠷᠡᠴᠢ ᠵᠣᠬᠢᠶᠠᠨ ᠥᠪᠡᠷ ᠢ᠋ᠶ᠋ᠡᠨ ᠦᠬᠦᠬᠦ ᠶᠠᠯᠠ ᠡᠭᠦᠷᠬᠦ ᠪᠡᠷ ᠳᠤᠷᠠᠯᠠᠬᠤ ᠪᠣᠯ⁈ ᠡᠰᠡᠪᠡᠯ ᠳᠥᠷᠪᠡ ᠳᠥᠷᠪᠡᠨ ᠮᠢᠯᠢᠯᠢᠲ᠋ᠷ ᠢ᠋ᠶ᠋ᠡᠷ ᠬᠣᠶᠠᠷ ᠤᠳᠠᠭᠠ ᠲᠠᠷᠢᠭᠰᠠᠨ ᠭᠡᠵᠢ ᠤᠤ? ᠤᠴᠢᠷ ᠦᠭᠡᠢ ᠲᠡᠭᠡᠵᠦ ᠣᠯᠠᠨ ᠤᠳᠠᠭᠠ ᠬᠤᠪᠢᠶᠠᠵᠤ ᠲᠠᠷᠢᠬᠤ ᠨᠢ ᠪᠠᠰᠠ ᠴᠦ᠍ ᠢᠯᠡᠭᠦᠦ ᠶᠠᠪᠤᠳᠠᠯ ᠪᠢᠰᠢ ᠤᠤ?
ᠲᠦᠪᠰᠢᠨ ᠡᠭᠦᠨ ᠳᠡᠭᠡᠷᠡ ᠡᠷᠡᠭᠡᠯᠵᠡᠴᠢᠬᠡᠯᠡ᠃
ᠤᠤᠯ ᠡᠪᠬᠡᠮᠡᠯ ᠳ᠋ᠦ᠍ ᠬᠠᠳᠠᠭᠳᠠᠭᠰᠠᠨ ᠮᠡᠷᠭᠡᠵᠢᠯ ᠦ᠋ᠨ ᠡᠮᠴᠢ ᠨᠠᠷ ᠤ᠋ᠨ ᠪᠠᠢᠴᠠᠭᠠᠯᠲᠠ ᠵᠠᠳᠠᠯᠤᠯᠲᠠ ᠳ᠋ᠤ᠌᠂ ᠵᠥᠪᠬᠡᠨ ᠬᠣᠣᠷᠯᠠᠭᠳᠠᠭᠴᠢ ᠦᠵᠡᠰᠬᠦᠯᠡᠩ ᠦ᠋ᠨ ᠰᠤᠳᠠᠯ ᠳ᠋ᠤ᠌ ᠶᠡᠬᠡ ᠬᠡᠮᠵᠢᠶᠡᠨ ᠦ᠌ A ᠭᠤᠷᠪᠠᠳᠤᠭᠠᠷ ᠤ᠋ᠨ ᠪᠦᠷᠢᠯᠳᠦᠬᠦᠨ ᠪᠠᠢᠬᠤ ᠶ᠋ᠢ ᠲᠡᠮᠳᠡᠭᠯᠡᠭᠰᠡᠨ ᠡᠴᠡ ᠪᠢᠰᠢ᠂ ᠴᠣᠬᠣᠮ ᠬᠡᠳᠦᠢ ᠨᠣᠷᠮᠠ ᠲᠠᠢ ᠪᠠᠷ ᠡᠮ ᠦ᠋ᠨ ᠪᠠᠭᠠᠵᠢ ᠠ᠋ᠴᠠ ᠲᠠᠷᠢᠭᠰᠠᠨ ᠬᠡᠮᠵᠢᠶᠡ ᠶ᠋ᠢ ᠨᠠᠷᠢᠨ ᠪᠠᠢᠴᠠᠭᠠᠨ ᠲᠣᠳᠣᠷᠬᠠᠢᠯᠠᠭᠰᠠᠨ ᠦᠭᠡᠢ᠃
ᠪᠣᠯᠤᠷᠴᠠᠭᠠᠨ ᠴᠦ᠍ ᠲᠤᠰᠢᠶᠠᠯᠲᠠ ᠳ᠋ᠠᠭᠠᠨ ᠡᠨᠡ ᠪᠦᠬᠦᠨ ᠢ᠋ ᠲᠣᠳᠣᠷᠬᠠᠢ ᠳᠤᠷᠠᠳᠤᠭᠰᠠᠨ ᠦᠭᠡᠢ᠃
ᠲᠦᠪᠰᠢᠨ ᠭᠤᠸᠠᠢ ᠡᠨᠡ ᠬᠦ᠌ ᠳᠤᠲᠠᠭᠤ ᠳᠥᠷᠪᠡᠨ ᠮᠢᠯᠢᠯᠢᠲ᠋ᠷ ᠪᠣᠯᠤᠭᠰᠠᠨ ᠦᠷᠡ ᠳ᠋ᠦᠩ ᠢ᠋ᠶ᠋ᠡᠨ ᠠᠬᠢᠨ ᠳᠠᠬᠢᠨ ᠪᠣᠳᠣᠭᠰᠠᠭᠠᠷ ᠪᠠᠢᠵᠤ᠂ ᠡᠨᠡ ᠣᠷᠣᠢ ᠬᠣᠲᠠ ᠶ᠋ᠢᠨ ᠡᠮ ᠡᠮᠨᠡᠯᠭᠡ ᠶ᠋ᠢᠨ ᠰᠤᠳᠤᠯᠬᠤ ᠭᠠᠵᠠᠷ ᠠᠵᠢᠯᠯᠠᠵᠤ ᠪᠠᠢᠭᠠ ᠬᠠᠭᠤᠴᠢᠨ ᠨᠠᠢᠵᠠ᠂ ᠠᠯᠳᠠᠷᠲᠤ ᠰᠤᠳᠤᠯᠭᠠᠲᠠᠨ ᠬᠠᠨ ᠠᠪᠤᠭᠠᠢ ᠲᠠᠢ ᠠᠭᠤᠯᠵᠠᠵᠤ ᠶᠠᠷᠢᠯᠴᠠᠬᠤ ᠪᠠᠷ ᠶᠠᠪᠤᠵᠤ ᠪᠠᠢᠬᠤ ᠨᠢ ᠡᠨᠡ ᠠᠵᠢ᠃
ᠲᠡᠭᠦᠨ ᠲᠡᠢ ᠶᠠᠷᠢᠯᠴᠠᠪᠠᠯ ᠰᠠᠨᠠᠭᠠᠨ ᠠ᠋ᠴᠠ ᠭᠠᠳᠠᠨᠠ ᠬᠠᠩᠭᠠᠮᠵᠢ ᠲᠠᠢ ᠣᠯᠤᠯᠲᠠ ᠲᠠᠢᠯᠪᠤᠷᠢ ᠣᠯᠬᠤ ᠴᠦ᠍ ᠪᠣᠯᠪᠠ ᠤᠤ ᠭᠡᠮᠡᠨ ᠲᠠᠭᠠᠮᠠᠭᠯᠠᠨ ᠪᠣᠳᠣᠨᠠ᠃
ᠲᠦᠪᠰᠢᠨ ᠢ᠋ ᠢᠷᠡᠬᠦ ᠳ᠋ᠦ᠍ ᠬᠠᠨ ᠠᠪᠤᠭᠠᠢ ᠠᠵᠢᠯ ᠠ᠋ᠴᠠ ᠪᠠᠨ ᠰᠠᠶᠢᠬᠠᠨ ᠪᠠᠭᠤᠭᠰᠠᠨ ᠪᠠᠢᠳᠠᠯ ᠲᠠᠢ ᠱᠠᠹᠠ ᠳᠡᠭᠡᠷᠡ ᠪᠡᠨ ᠰᠠᠭᠤᠭᠠᠳ ᠲᠠᠮᠠᠬᠢ ᠲᠠᠲᠠᠵᠤ ᠪᠠᠢᠯᠠ᠃
ᠲᠡᠷᠡ ᠲᠦᠪᠰᠢᠨ ᠢ᠋ ᠦᠵᠡᠭᠡᠳ ᠱᠠᠹᠠ ᠠ᠋ᠴᠠ ᠪᠠᠨ ᠪᠠᠭᠠ ᠯᠠ ᠥᠨᠳᠡᠰᠬᠢᠬᠦ ᠮᠠᠶᠢᠭ ᠭᠠᠷᠭᠠᠨ ᠢᠨᠢᠶᠡᠮᠰᠦᠭᠯᠡᠭᠡᠳ᠄
— ᠠᠶᠠ᠂ ᠶᠠᠮᠠᠷ ᠰᠠᠯᠬᠢᠨ ᠬᠠᠤᠯᠢ ᠶ᠋ᠢᠨ ᠳᠠᠷᠤᠭᠠ 《ᠭᠠᠤᠯᠢᠨ ᠰᠢᠷᠠ》 ᠶ᠋ᠢ ᠮᠠᠨ ᠤ᠋ ᠪᠣᠭᠣᠨᠢ ᠰᠠᠷᠠᠪᠴᠢ ᠪᠠᠷ ᠭᠡᠷᠡᠯᠲᠦᠭᠦᠯᠦᠨ ᠪᠠᠭᠤᠯᠭᠠᠭᠰᠠᠨ ᠪᠣᠯ? ᠣᠷᠴᠢᠮ ᠪᠢ ᠶᠡᠷᠦ ᠰᠠᠨᠠᠭᠠ ᠠᠮᠤᠷ ᠦᠭᠡᠢ᠂ ᠲᠠᠨ ᠢ᠋ ᠠᠯᠠᠭᠳᠠᠬᠤ ᠶᠠᠯᠠᠲᠠᠨ ᠤ᠋ ᠪᠠᠨ ᠵᠠᠭᠤᠷᠮᠠᠭ ᠰᠦᠨᠡᠰᠦ ᠶ᠋ᠢ ᠳᠠᠭᠠᠭᠠᠳ ᠶᠢᠰᠦᠨ ᠪᠤᠯᠠᠭ ᠲᠤ᠌ ᠮᠣᠷᠳᠠᠴᠢᠬᠠᠭᠰᠠᠨ ᠶᠤᠮ ᠤᠤ? ᠭᠡᠳ ᠵᠣᠪᠠᠵᠤ ᠰᠠᠭᠤᠯᠠ ᠭᠡᠪᠡ᠃
— ᠨᠡᠭᠡᠷᠡᠨ ᠬᠦᠢ᠂ ᠥᠴᠥᠭᠡᠳᠦᠷ ᠰᠥᠨᠢ ᠪᠢ ᠴᠢᠮᠠ ᠶᠢ ᠦᠬᠦᠴᠢᠬᠡᠯᠡ ᠭᠡᠵᠦ ᠵᠡᠭᠦᠳᠦᠯᠡᠯᠡ᠃ ᠠᠮᠢᠳᠤ ᠪᠠᠢᠨᠠ ᠤᠤ ᠦᠭᠡᠢ ᠤᠤ? ᠥᠨᠥᠳᠥᠷ ᠦᠵᠡᠬᠦ ᠪᠡᠷ ᠢᠷᠡᠯᠡ᠃ ᠬᠡᠷᠪᠡ ᠦᠨᠡᠨ ᠦᠬᠦᠴᠢᠬᠡᠭᠰᠡᠨ ᠪᠣᠯ ᠠᠬᠠ ᠳᠡᠭᠦᠦ ᠶ᠋ᠢᠨ ᠴᠢᠨᠢ ᠬᠤᠪᠢ ᠠ᠋ᠴᠠ 《ᠠᠰᠠᠷ ᠬᠠᠮᠠᠷ》 ᠢ᠋ ᠴᠢᠨᠢ ᠪᠠᠭᠲᠠᠭᠠᠬᠤ ᠠᠪᠰᠠ ᠵᠠᠰᠠᠭᠤᠯᠬᠤ ᠶᠤᠮ ᠪᠢᠵᠡ ᠭᠡᠵᠦ ᠪᠣᠳᠣᠯᠠ᠃
— ᠵᠡᠭᠦᠳᠦ ᠡᠰᠡᠷᠭᠦ ᠳ᠋ᠡᠭᠡᠨ ᠭᠡᠳᠡᠭ᠃ ᠰᠠᠢᠬᠠᠨ ᠵᠡᠭᠦᠳᠦ ᠪᠠᠢᠨᠠ᠃ ᠪᠢ ᠦᠬᠦᠬᠦ ᠦᠭᠡᠢ ᠂ ᠮᠠᠭᠤ 《ᠭᠠᠤᠯᠢᠨ ᠰᠢᠷᠠ》 ᠴᠢ ᠯᠡ ᠮᠢᠨᠦ ᠤᠷᠢᠲᠠᠢ ᠦᠬᠦᠭᠡᠴᠢᠭᠡᠳ ᠪᠢ ᠴᠢᠮᠠ ᠳ᠋ᠤ᠌ ᠯᠠᠮᠠ ᠬᠠᠷᠠ ᠵᠠᠯᠠᠵᠤ ᠨᠣᠮ ᠪᠤᠶᠠᠨ ᠬᠢᠯᠭᠡᠵᠦ ᠪᠣᠳᠢ ᠮᠥᠷ ᠢ᠋ ᠴᠢᠨᠢ ᠵᠢᠭᠠᠯᠭᠠᠬᠤ ᠮᠠᠭᠠᠳ ᠦᠭᠡᠢ᠃
ᠡᠳᠡ ᠬᠣᠶᠠᠭᠤᠯᠠ ᠢᠩᠭᠢᠵᠦ ᠨᠠᠭᠠᠳᠤᠮ ᠲᠣᠭᠯᠠᠭᠠᠮ ᠬᠢᠵᠦ ᠪᠠᠢᠬᠤ ᠳ᠋ᠤ᠌ ᠲᠣᠭᠣᠭᠠᠨ ᠭᠡᠷ ᠡᠴᠡ ᠭᠠᠷᠴᠤ ᠢᠷᠡᠭᠰᠡᠨ ᠬᠠᠨ ᠪᠡᠷᠭᠡᠨ ᠦ᠌᠄
— ᠬᠦᠢ᠂ ᠡᠨᠡ ᠬᠣᠶᠠᠷ ᠴᠢᠳᠬᠥᠷ ᠵᠣᠯᠭᠠᠭᠰᠠᠭᠠᠷ ᠪᠡᠯᠭᠡ ᠦᠭᠡᠢ ᠦᠭᠡ ᠬᠡᠯᠡᠯᠴᠡᠵᠦ ᠯᠡ ᠪᠠᠢᠬᠤ ᠶᠤᠮ ᠭᠡᠰᠡᠨ ᠴᠠᠩᠭᠢᠨᠠᠮᠠ ᠨᠠᠷᠢᠨ ᠳᠠᠭᠤᠨ ᠲᠡᠳᠡ ᠬᠣᠶᠠᠭᠤᠯᠠ ᠶ᠋ᠢᠨ ᠶᠠᠷᠢᠯᠴᠠᠭᠠᠨ ᠢ᠋ ᠲᠠᠰᠤᠯᠪᠠ᠃
ᠬᠠᠨ ᠱᠧᠦ ᠵᠦᠩ ᠠᠪᠤᠭᠠᠢ ᠪᠣᠯ ᠡᠮ ᠡᠮᠨᠡᠯᠭᠡ ᠶ᠋ᠢᠨ ᠴᠣᠯᠭᠣᠷᠠᠭᠰᠠᠨ ᠰᠤᠳᠤᠯᠭᠠᠲᠠᠨ ᠮᠥᠷᠲᠡᠭᠡᠨ ᠲᠦᠮᠡᠨᠨᠠᠰᠤᠲᠤ ᠬᠣᠲᠠ ᠶ᠋ᠢᠨ ᠨᠡᠷᠡ ᠬᠦᠨᠳᠦᠲᠦ ᠡᠮᠴᠢ ᠶ᠋ᠢᠨ ᠨᠢᠭᠡ ᠨᠢ ᠪᠢᠯᠡ᠃
ᠲᠡᠷᠡ ᠲᠦᠪᠰᠢᠨ ᠲᠡᠢ ᠤᠤᠭᠤᠭᠰᠠᠨ ᠤᠰᠤ ᠤᠨᠠᠭᠰᠠᠨ ᠨᠤᠲᠤᠭ ᠨᠢᠭᠡ ᠪᠥᠭᠡᠳ ᠤᠨᠠᠭᠠᠨ ᠪᠠᠭᠠ ᠠ᠋ᠴᠠ ᠪᠠᠨ ᠢᠵᠢᠯᠢᠰᠢᠨ ᠲᠡᠰᠴᠦ ᠦᠰᠦᠨ ᠪᠣᠢᠵᠢᠭᠰᠠᠨ ᠶᠤᠮ᠃
ᠰᠡᠭᠦᠯᠡᠷ ᠨᠢᠭᠡ ᠨᠢ ᠡᠮᠨᠡᠯᠭᠡ ᠶ᠋ᠢᠨ ᠲᠤᠰᠬᠠᠢ ᠮᠡᠷᠭᠡᠵᠢᠯ ᠰᠤᠷᠴᠤ᠂ ᠨᠢᠭᠡ ᠨᠢ ᠲᠤᠷᠰᠢᠭᠤᠯ ᠴᠠᠭᠳᠠᠭᠠ ᠬᠠᠤᠯᠢ ᠶ᠋ᠢᠨ ᠲᠤᠰᠬᠠᠢ ᠮᠡᠷᠭᠡᠵᠢᠯ ᠰᠤᠷᠴᠠᠢ᠃
ᠲᠡᠳᠡ ᠶᠡᠬᠡ ᠪᠣᠯᠤᠭᠰᠠᠨ ᠤ᠋ ᠬᠣᠢᠨᠠ ᠴᠦ᠍ ᠤᠳᠠᠭᠠᠨ ᠵᠢᠯ ᠨᠠᠢᠷᠰᠠᠭ ᠳᠣᠲᠣᠨᠣ ᠶᠠᠪᠤᠯᠴᠠᠭᠰᠠᠨ ᠠ᠋ᠴᠠ ᠮᠠᠰᠢ ᠠᠷᠪᠢᠨ ᠳᠤᠷᠠᠳᠤᠭᠤᠰᠢᠲᠠᠢ ᠱᠣᠭ ᠴᠤᠤ ᠭᠠᠷᠭᠠᠳᠠᠭ ᠪᠠᠢᠨᠠ᠃
ᠥᠩᠭᠡᠷᠡᠦ ᠳᠠᠰᠤᠯᠴᠠᠵᠤ ᠳᠠᠩᠴᠤ ᠳᠣᠲᠣᠨᠣ ᠪᠣᠯᠤᠭᠰᠠᠨ ᠤ᠋ ᠤᠴᠢᠷ ᠠ᠋ᠴᠠ ᠡᠳᠡ ᠠᠮᠠ ᠠᠩᠭᠠᠢᠮᠠᠭᠴᠠ ᠨᠢᠭᠡ ᠨᠢᠭᠡ ᠶ᠋ᠢᠨ ᠢ᠋ᠶ᠋ᠡᠨ ᠬᠠᠮᠤᠭ ᠤ᠋ᠨ ᠨᠢᠭᠤᠴᠠ ᠡᠮᠵᠡᠭ ᠢ᠋ ᠳᠤᠷᠠᠳᠤᠨ ᠨᠢᠭᠡᠮᠦᠰᠦᠨ ᠬᠠᠳᠠᠩᠰᠢᠭᠰᠠᠨ 《ᠭᠠᠤᠯᠢᠨ ᠰᠢᠷᠠ》᠂ 《ᠠᠰᠠᠷ ᠬᠠᠮᠠᠷᠲᠤ》 ᠴᠣᠯᠠ ᠨᠢ ᠡᠳᠡᠨ ᠦ᠌ ᠬᠣᠪᠢᠨ ᠳ᠋ᠤ᠌ ᠨᠡᠷᠡ ᠪᠣᠯᠤᠨ ᠬᠤᠪᠢᠷᠠᠵᠠᠢ᠃
ᠬᠠᠨ ᠠᠪᠤᠭᠠᠢ ᠲᠥᠷᠥᠯᠬᠢ ᠲᠣᠮᠣ ᠮᠠᠨᠴᠤᠷᠭᠠᠨ ᠬᠠᠮᠠᠷ ᠲᠠᠢ ᠨᠢ ᠦᠨᠡᠨ᠃
ᠬᠥᠮᠦᠰ ᠦ᠋ᠨ ᠬᠡᠯᠡᠬᠦ ᠪᠡᠷ ᠬᠠᠮᠠᠷ ᠤ᠋ᠨ ᠨᠦᠬᠡᠨ ᠳ᠋ᠦ᠍ᠨᠢ ᠡᠷᠡᠬᠡᠢ ᠬᠤᠷᠤᠭᠤ ᠵᠠᠪᠰᠠᠷ ᠲᠠᠢ ᠪᠠᠭᠲᠠᠳᠠᠭ ᠭᠡᠵᠡᠭᠡᠳᠡᠭ ᠨᠢ ᠪᠠᠬᠠᠨ ᠳᠠᠪᠠᠭᠤᠯᠤᠯ ᠲᠠᠢ ᠪᠠᠢᠵᠤ ᠮᠡᠳᠡᠬᠦ ᠶᠦᠮ᠃ ᠤᠤᠯ ᠢᠷᠡᠯᠲᠡ ᠨᠢ ᠬᠠᠨ ᠪᠡᠷᠭᠡᠨ ᠨᠢᠭᠡ ᠤᠳᠠᠭᠠ ᠠᠭᠤᠷᠯᠠᠭᠠᠳ ᠨᠢᠭᠡ ᠠᠯᠠᠭᠠᠳᠠᠬᠤ ᠭᠡᠰᠡᠨ ᠨᠢ ᠬᠡᠯᠲᠡᠭᠡᠢ ᠲᠣᠰᠴᠤ ᠡᠷᠡᠬᠡᠢ ᠬᠤᠷᠤᠭᠤ ᠨᠢ ᠬᠠᠨ ᠱᠧᠦ ᠵᠦᠩ ᠦ᠋ᠨ ᠬᠠᠮᠠᠷ ᠲᠤ᠌ ᠣᠷᠣᠭᠠᠳ ᠲᠠᠲᠠᠵᠤ ᠭᠠᠷᠭᠠᠬᠤ ᠳᠤ ᠪᠠᠨ ᠰᠡᠲᠡᠯᠴᠢᠬᠡᠬᠦ ᠰᠢᠬᠠᠭᠰᠠᠨ ᠢ᠋ ᠲᠦᠪᠰᠢᠨ ᠦᠵᠡᠭᠰᠡᠨ ᠭᠡᠵᠦ ᠴᠤᠤ ᠲᠠᠷᠬᠠᠭᠠᠭᠰᠠᠨ ᠨᠢ ᠴᠣᠬᠣᠮ ᠦᠨᠡᠨ ᠬᠤᠳᠠᠯ ᠢ᠋ ᠮᠡᠳᠡᠬᠦ ᠦᠭᠡᠢ᠃
ᠬᠠᠷᠢᠨ ᠨᠢᠭᠡ ᠤᠳᠠᠭᠠ ᠶ᠋ᠢᠨ ᠭᠡᠨᠡᠳᠡᠯ ᠡᠴᠡ ᠪᠣᠯᠵᠤ ᠬᠠᠮᠠᠷ ᠤ᠋ᠨ ᠢ᠋ᠶ᠋ᠠᠨ ᠦᠵᠦᠭᠦᠷ ᠲᠦ᠍ ᠨᠢᠭᠡ ᠶᠡᠬᠡ ᠰᠢᠷᠬᠠ ᠣᠯᠤᠭᠰᠠᠨ ᠠ᠋ᠴᠠ ᠤᠯᠠᠭᠠᠨ ᠰᠣᠷᠪᠢ ᠦᠯᠡᠳᠡᠭᠰᠡᠨ ᠨᠢ ᠬᠥᠮᠦᠰ ᠲᠦ᠍ ᠦᠨᠡᠬᠡᠷ ᠴᠦ᠍ ᠱᠣᠭ ᠲᠠᠢ ᠰᠠᠨᠠᠭᠳᠠᠨᠠ᠃
ᠲᠦᠪᠰᠢᠨ ᠭᠤᠸᠠᠢ ᠲᠡᠷᠡ ᠵᠢᠯ ᠬᠠᠤᠯᠢ ᠶ᠋ᠢᠨ ᠴᠠᠭᠳᠠᠭᠠᠨ ᠰᠤᠷᠭᠠᠭᠤᠯᠢ ᠳ᠋ᠤ᠌ ᠪᠠᠢᠬᠤ ᠳᠤ ᠪᠠᠨ ᠬᠤᠷᠳᠤᠨ ᠲᠡᠷᠭᠡᠨ ᠡᠴᠡ ᠦᠰᠦᠷᠴᠦ ᠪᠠᠭᠤᠬᠤ ᠮᠡᠷᠭᠡᠵᠢᠯ ᠳ᠋ᠦ᠍ ᠤᠯᠠᠢᠨ᠂ ᠦᠳᠡ ᠶ᠋ᠢᠨ ᠠᠮᠠᠷᠠᠯᠲᠠ ᠳᠤ ᠪᠠᠨ ᠴᠦ᠍ ᠰᠢᠮᠳᠠᠨ ᠪᠣᠯᠪᠠᠰᠤᠷᠠᠵᠤ ᠪᠠᠢᠵᠠᠢ᠃
ᠨᠢᠭᠡ ᠭᠠᠷᠠᠭ ᠤ᠋ᠨ ᠡᠳᠦᠷ ᠲᠡᠷᠡ ᠡᠮᠨᠡᠯᠭᠡ ᠶ᠋ᠢᠨ ᠰᠤᠷᠭᠠᠭᠤᠯᠢ ᠳ᠋ᠤ᠌ ᠣᠴᠢᠨ ᠬᠠᠨ ᠱᠧᠦ ᠵᠦᠩ ᠢ᠋ ᠳᠠᠭᠤᠳᠠᠵᠤ ᠲᠡᠷᠭᠡ ᠵᠢᠯᠣᠭᠣᠳᠤᠭᠤᠯᠤᠨ ᠥᠪᠡᠷ ᠢ᠋ᠶ᠋ᠡᠨ ᠲᠡᠷᠭᠡᠨ ᠡᠴᠡ ᠦᠰᠦᠷᠴᠦ ᠪᠣᠯᠪᠠᠰᠤᠷᠠᠯᠠ᠃
ᠲᠡᠭᠦᠨ ᠦ᠌ ᠨᠢᠰᠬᠦ ᠮᠡᠲᠦ ᠳᠠᠪᠬᠢᠬᠤ ᠲᠡᠷᠭᠡᠨ ᠡᠴᠡ ᠦᠰᠦᠷᠬᠦ ᠨᠢ ᠶᠠᠭ ᠯᠠ ᠬᠤᠷᠠᠭᠠᠴᠢᠨ ᠬᠦᠦ ᠡᠷᠬᠡ ᠳᠤᠷᠠ ᠪᠠᠷ ᠢ᠋ᠶ᠋ᠠᠨ ᠡᠷᠭᠢᠨ ᠡᠴᠡ ᠦᠰᠦᠷᠬᠦ ᠰᠢᠭ ᠪᠠᠢᠬᠤ ᠶ᠋ᠢ ᠦᠵᠡᠭᠡᠳ ᠬᠠᠨ ᠱᠧᠦ ᠵᠦᠩ ᠦ᠋ᠨ ᠪᠠᠬᠠ ᠨᠢ ᠬᠥᠳᠡᠯᠦᠨ ᠦᠰᠦᠷᠴᠦ ᠲᠤᠷᠰᠢᠬᠤ ᠪᠠᠷ ᠪᠣᠯᠪᠠ᠃
ᠲᠡᠭᠡᠭᠡᠳ ᠲᠡᠷᠡ ᠨᠠᠢᠵᠠ ᠶ᠋ᠢᠨ ᠢ᠋ᠶ᠋ᠡᠨ ᠢᠳᠬᠠᠯ ᠬᠣᠷᠢᠭᠯᠠᠯ ᠢ᠋ ᠦᠯᠦ ᠰᠣᠨᠣᠰᠤᠨ ᠤᠳᠠᠭᠠᠨ ᠰᠢᠭ᠋ ᠶᠠᠪᠤᠭᠰᠠᠨ ᠲᠡᠷᠭᠡᠨ ᠡᠴᠡ ᠤᠬᠤᠰᠬᠢᠨ ᠦᠰᠦᠷᠦᠭᠰᠡᠨ ᠳ᠋ᠦ᠍ ᠳᠥᠷᠪᠡᠨ ᠮᠥᠴᠢ ᠪᠡᠷ ᠢ᠋ᠶ᠋ᠡᠨ ᠰᠠᠷᠪᠠᠢᠨ ᠭᠠᠵᠠᠷ ᠡᠯᠢᠭᠡᠳᠡᠨ ᠤᠨᠠᠬᠤ ᠳᠤ ᠪᠠᠨ ᠪᠣᠯᠠᠢ ᠲᠠᠢ ᠲᠣᠮᠣ ᠬᠠᠮᠠᠷ ᠨᠢ ᠤᠷᠢᠳᠴᠢᠯᠠᠨ ᠭᠠᠵᠠᠷ ᠲᠣᠰᠴᠤ ᠰᠢᠯᠪᠤᠷᠠᠭᠠᠳ ᠨᠢᠭᠤᠷ ᠳᠦᠭᠦᠷᠡᠩ ᠴᠢᠰᠤ ᠪᠢᠯᠳᠠᠭᠳᠠᠪᠠ᠃
ᠬᠣᠵᠢᠮ ᠨᠢ ᠡᠳᠡᠭᠡᠬᠦ ᠳ᠋ᠡᠭᠡᠨ ᠬᠤᠷᠤᠭᠤ ᠳᠠᠷᠤᠮᠠ ᠤᠯᠠᠭᠠᠨ ᠬᠦᠷᠡᠩ ᠰᠣᠷᠪᠢ ᠭᠦᠳᠦᠢᠨ ᠦᠯᠡᠳᠡᠭᠡᠳ᠂ ᠶᠡᠷᠦ ᠡᠴᠡ ᠪᠡᠨ ᠲᠣᠮᠣ ᠪᠠᠢᠳᠠᠭ ᠬᠠᠮᠠᠷ ᠨᠢ ᠤᠯᠠᠮ ᠪᠤᠵᠠᠭᠠᠢᠷᠠᠵᠤ᠂ ᠥᠩᠭᠡ ᠰᠦᠷ ᠨᠡᠮᠡᠭᠳᠡᠭᠡᠳ ᠠᠩᠬᠠᠨ ᠤ᠋ 《ᠠᠰᠠᠷ ᠬᠠᠮᠠᠷᠲᠤ》 ᠴᠣᠯᠠ ᠨᠢ ᠠᠷᠠᠢ ᠠᠬᠠᠳᠠᠮᠠᠷ ᠦᠭᠡᠢ ᠪᠣᠯᠵᠠᠢ᠃
ᠭᠡᠲᠡᠯᠡ ᠲᠡᠭᠦᠨ ᠦ᠌ ᠠᠵᠢᠯ ᠮᠡᠷᠭᠡᠵᠢᠯ ᠡᠨᠡ ᠬᠦ᠌ ᠡᠮᠵᠡᠭ ᠢ᠋ ᠨᠢ ᠳᠠᠷᠤᠳᠠᠭ ᠴᠦ᠍ ᠪᠣᠯᠪᠠ ᠤᠤ? ᠬᠡᠨ ᠴᠦ᠍ ᠲᠡᠭᠦᠨ ᠦ᠌ ᠴᠣᠯᠠ ᠶ᠋ᠢ ᠳᠠᠭᠤᠳᠠᠬᠤ ᠪᠠᠢᠲᠤᠭᠠᠢ ᠰᠡᠮᠡᠬᠡᠷ ᠬᠡᠯᠡᠯᠴᠡᠬᠦ ᠡᠴᠡ ᠴᠦ᠍ ᠬᠢᠴᠢᠶᠡᠳᠡᠭ᠃ ᠭᠠᠭᠴᠠ ᠡᠨᠡ 《ᠭᠠᠤᠯᠢᠨ ᠰᠢᠷᠠ》 ᠯᠠ ᠴᠡᠭᠡᠷ ᠦᠭᠡᠢ ᠴᠣᠯᠠᠯᠠᠬᠤ ᠠ᠋ᠴᠠ ᠭᠠᠳᠠᠨᠠ ᠪᠠᠰᠠ ᠳᠡᠯ ᠰᠡᠭᠦᠯ ᠨᠡᠮᠡᠨ ᠨᠢᠭᠤᠷ ᠲᠤᠯᠤᠨ ᠴᠤᠤᠭᠢᠯᠳᠤᠬᠤ ᠨᠢ ᠬᠡᠴᠡᠭᠦᠦ᠃ ᠡᠷᠡᠭᠡ ᠵᠢᠷᠣᠭᠠ ᠦᠭᠡᠢ ᠬᠣᠶᠠᠷ ᠢᠩᠭᠢᠵᠦ ᠶᠠᠷᠢᠶᠠ ᠪᠠᠨ ᠡᠬᠢᠯᠡᠭᠦᠯᠦᠭᠰᠡᠨ ᠢ᠋ᠶ᠋ᠡᠨ ᠰᠠᠶᠢ ᠬᠠᠨ ᠪᠡᠷᠭᠡᠨ ᠦ᠌ ᠳᠠᠢᠯᠠᠯᠭᠠ ᠳ᠋ᠤ᠌ ᠰᠠᠭᠤᠵᠤ ᠬᠡᠳᠦᠨ ᠴᠠᠭ ᠬᠦᠦᠷᠨᠢᠯᠳᠦᠨ ᠨᠠᠷᠭᠢᠯᠳᠤᠭᠠᠳ ᠠᠶᠠᠨᠳᠠᠭᠠᠨ ᠵᠢᠩᠬᠢᠨᠢ ᠰᠡᠳᠦᠪ ᠲᠤ ᠪᠠᠨ ᠣᠷᠣᠵᠠᠢ᠃
— ᠰᠣᠨᠣᠰᠬᠤ ᠳ᠋ᠤ᠌ ᠴᠢ ᠪᠣᠯᠤᠷᠴᠠᠭᠠᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠵᠤ ᠠᠪᠴᠢᠷᠠᠭᠠᠳ ᠬᠡᠷᠡᠭ ᠢ᠋ ᠨᠢ ᠳᠠᠬᠢᠨ ᠪᠠᠢᠴᠠᠭᠠᠬᠤ ᠭᠡᠵᠦ ᠪᠠᠢᠨᠠ ᠭᠡᠨᠡ ᠤᠤ?
— ᠪᠠᠢᠴᠠᠭᠠᠬᠤ ᠨᠢ ᠴᠦ᠍ ᠪᠠᠢᠴᠠᠭᠠᠵᠤ ᠪᠠᠢᠨᠠ᠃ ᠶᠡᠷᠦ ᠨᠢᠭᠡ ᠣᠷᠣᠭᠰᠢ ᠦᠭᠡᠢ᠃
— ᠵᠣᠯᠢᠭ ᠴᠢ ᠰᠠᠢᠬᠢ ᠦᠨᠡᠭᠡ ᠰᠢᠭ ᠭᠢᠷᠠᠬᠠᠢ ᠪᠠᠨ ᠭᠠᠷᠭᠠᠨᠠ ᠪᠢᠵᠡ᠂ ᠬᠥᠮᠦᠨ ᠢ᠋ ᠪᠢᠲᠡᠭᠡᠢ ᠬᠢᠯᠢᠰ ᠢ᠋ᠶ᠋ᠡᠷ ᠫᠤᠤ ᠶ᠋ᠢᠨ ᠪᠥᠭᠯᠡᠭᠡ ᠪᠣᠯᠭᠠᠴᠢᠬᠠ᠃
— ᠪᠢ ᠪᠠᠰᠠ ᠲᠡᠭᠡᠵᠦ ᠰᠠᠨᠠᠬᠤ ᠳᠤ ᠪᠠᠨ ᠁ ᠬᠦᠢ ᠂ ᠲᠡᠷᠡ ᠬᠦ᠌ ᠠᠮᠤᠷᠵᠢᠭᠤᠯᠬᠤ A ᠭᠤᠷᠪᠠᠳᠤᠭᠠᠷ ᠭᠡᠭᠴᠢ ᠬᠣᠣᠷ ᠢ᠋ᠶ᠋ᠠᠷ ᠢ᠋ᠶ᠋ᠠᠨ ᠴᠣᠬᠣᠮ ᠬᠡᠳᠦᠢ ᠬᠦᠴᠦᠲᠡᠢ ᠪᠣᠢ? ᠪᠠᠷᠤᠭ ᠬᠡᠳᠦᠢ ᠬᠡᠮᠵᠢᠶᠡ ᠲᠡᠢ ᠪᠣᠯ ᠬᠥᠮᠦᠨ ᠬᠣᠣᠷᠳᠠᠭᠳᠠᠬᠤ ᠠᠶᠤᠯ ᠲᠠᠢ ᠪᠣᠢ?
— ᠲᠡᠷᠡ ᠪᠣᠯ ᠠᠮᠤᠷᠵᠢᠭᠤᠯᠬᠤ ᠦᠢᠯᠡᠳᠦᠯ ᠢ᠋ᠶ᠋ᠡᠷ ᠮᠠᠰᠢ ᠰᠠᠢᠨ ᠡᠮ᠃
᠁ ᠭᠡᠲᠡᠯᠡ ᠬᠣᠣᠷᠲᠤ ᠴᠢᠨᠠᠷ ᠨᠢ ᠰᠦᠷᠡᠬᠡᠢ ᠶᠡᠬᠡ ᠪᠠᠢᠳᠠᠭ ᠠ᠋ᠴᠠ ᠬᠢᠯᠪᠠᠷ ᠬᠡᠷᠡᠭᠯᠡᠳᠡᠭ ᠦᠭᠡᠢ᠃ ᠬᠡᠷᠪᠡ ᠬᠦᠨᠳᠦ ᠡᠪᠡᠳᠴᠢᠨ ᠲᠡᠢ ᠬᠥᠮᠦᠨ ᠡᠪᠡᠳᠴᠦ ᠵᠣᠪᠠᠭᠠᠳ ᠠᠮᠠᠷᠠᠵᠤ ᠴᠢᠳᠠᠬᠤ ᠦᠭᠡᠢ ᠪᠣᠯ ᠪᠠᠭᠠ ᠰᠢᠭ᠋ ᠵᠠᠷᠤᠳᠠᠭ᠃ ᠡᠩ ᠦ᠋ᠨ ᠪᠠᠢᠳᠠᠯ ᠳᠣᠣᠷᠠ ᠨᠢᠭᠡ ᠮᠢᠯᠢᠯᠢᠲ᠋ᠷ ᠬᠡᠷᠡᠭᠯᠡᠨᠡ᠃ ᠣᠨᠴᠠ ᠬᠦᠨᠳᠦ ᠡᠪᠡᠳᠴᠢᠲᠡᠨ ᠳ᠋ᠦ᠍ ᠪᠣᠯ ᠮᠡᠷᠭᠡᠵᠢᠯ ᠥᠨᠳᠥᠷ ᠡᠮᠴᠢ ᠨᠠᠷ ᠤ᠋ᠨ ᠬᠢᠨᠠᠯᠲᠠ ᠪᠠᠷ ᠬᠣᠶᠠᠷ ᠮᠢᠯᠢᠯᠢᠲ᠋ᠷ ᠵᠠᠷᠤᠵᠤ ᠪᠣᠯᠤᠨᠠ᠃ ᠣᠳᠣᠬᠠᠨ ᠳ᠋ᠠᠬᠢ ᠡᠮ ᠡᠮᠨᠡᠯᠭᠡ ᠶ᠋ᠢᠨ ᠲᠣᠭᠲᠠᠭᠠᠯ ᠢ᠋ᠶ᠋ᠠᠷ ᠡᠨᠡ ᠬᠡᠮᠵᠢᠶᠡ ᠶ᠋ᠢ ᠬᠡᠲᠦᠷᠡᠭᠦᠯᠵᠦ ᠪᠣᠯᠬᠤ ᠦᠭᠡᠢ᠃ ᠦᠨᠡᠨ ᠳᠦ ᠪᠡᠨ ᠨᠢᠭᠡ ᠮᠢᠯᠢᠯᠢᠲ᠋ᠷ ᠨᠢ ᠬᠥᠮᠦᠨ ᠢ᠋ ᠨᠠᠢ᠍ᠮᠠᠨ ᠴᠠᠭ ᠠᠮᠤᠷᠵᠢᠭᠤᠯᠬᠤ ᠦᠢᠯᠡᠳᠦᠯ ᠦᠵᠡᠭᠦᠯᠬᠦ ᠶᠦᠮ ᠴᠢᠨᠢ ᠢᠯᠡᠭᠦᠦ ᠬᠡᠷᠡᠭᠯᠡᠬᠦ ᠴᠦ᠍ ᠴᠢᠬᠤᠯᠠ ᠦᠭᠡᠢ᠃
— ᠬᠡᠷᠪᠡ ᠳᠥᠷᠪᠡᠨ ᠮᠢᠯᠢᠯᠢᠲ᠋ᠷ A ᠭᠤᠷᠪᠠᠳᠤᠭᠠᠷ ᠢ᠋ ᠨᠢᠭᠡ ᠬᠥᠮᠦᠨ ᠳ᠋ᠦ᠍ ᠨᠢᠭᠡ ᠯᠡ ᠳᠡᠭᠡᠷᠡ ᠬᠡᠷᠡᠭᠯᠡᠪᠡᠯ ᠳᠣᠣᠷᠠ ᠨᠢ ᠦᠬᠦᠨᠡ ᠤᠤ?
— ᠡᠢᠮᠦ ᠶᠡᠬᠡ ᠵᠠᠷᠤᠪᠠᠯ ᠳᠣᠣᠷᠠ ᠪᠠᠨ ᠦᠬᠦᠨᠡ ᠭᠡᠵᠦ ᠬᠡᠯᠡᠵᠦ ᠮᠡᠳᠡᠬᠦ ᠦᠭᠡᠢ᠃ ᠤᠴᠢᠷ ᠨᠢ ᠲᠡᠷᠡ ᠪᠣᠯ ᠠᠮᠤᠷᠵᠢᠭᠤᠯᠬᠤ ᠴᠢᠨᠠᠷ ᠤ᠋ᠨ ᠡᠮ ᠪᠣᠯᠬᠣᠷ ᠬᠥᠮᠦᠨ ᠦ᠌ ᠴᠢᠰᠤ ᠮᠢᠬᠠ ᠲᠠᠢ ᠰᠢᠭᠤᠳ ᠤᠷᠪᠠᠯ ᠡᠭᠦᠰᠦᠨ ᠳᠣᠣᠷᠠ ᠨᠢ ᠦᠬᠦᠭᠦᠯᠬᠦ ᠪᠣᠯᠤᠮᠵᠢ ᠦᠭᠡᠢ᠃ ᠲᠡᠢᠮᠦ ᠡᠴᠡ ᠳᠥᠷᠪᠡᠨ ᠮᠢᠯᠢᠯᠢᠲ᠋ᠷ ᠬᠡᠷᠡᠭᠯᠡᠭᠰᠡᠨ ᠴᠦ᠍ ᠨᠠᠭᠠᠳᠤ ᠵᠠᠬᠠ ᠳᠤ ᠪᠠᠨ ᠠᠷᠪᠠ ᠬᠣᠷᠢᠨ ᠮᠢᠨᠦ᠋ᠲ ᠦ᠋ᠨ ᠳᠠᠷᠠᠭᠠ ᠦᠢᠯᠡᠳᠦᠯ ᠨᠢ ᠭᠠᠷᠴᠤ ᠡᠬᠢᠨ ᠳᠦ ᠪᠡᠨ ᠬᠥᠮᠦᠨ ᠰᠡᠷᠡᠵᠦ ᠴᠢᠳᠠᠬᠤ ᠦᠭᠡᠢ ᠤᠨᠲᠠᠭᠰᠠᠭᠠᠷ ᠴᠢᠨᠠᠭᠰᠢᠳᠠ ᠮᠠᠨᠠᠷᠠᠵᠤ᠂ ᠰᠡᠭᠦᠯ ᠰᠡᠭᠦᠯ ᠳᠦ ᠪᠡᠨ ᠪᠦᠷ ᠵᠢᠷᠦᠬᠡᠨ ᠴᠣᠬᠢᠯᠭᠠ ᠨᠢ ᠵᠣᠭᠰᠣᠵᠤ ᠮᠡᠳᠡᠨᠡ᠃ ᠢᠩᠭᠢᠲᠡᠯᠡ ᠠᠮᠢᠰᠬᠤᠯ ᠬᠤᠷᠢᠶᠠᠬᠤ ᠨᠢ ᠶᠠᠭᠠᠬᠢᠭᠰᠠᠨ ᠴᠦ᠍ ᠬᠡᠳᠦᠨ ᠴᠠᠭ ᠤ᠋ᠨ ᠳᠠᠷᠠᠭᠠ ᠪᠠᠢᠬᠤ ᠶᠣᠰᠣᠲᠠᠢ᠃
— ᠬᠡᠷᠪᠡ ᠶᠠᠰᠤ ᠲᠣᠭᠲᠠᠪᠤᠷᠢᠵᠢᠭᠤᠯᠬᠤ B ᠵᠢᠷᠭᠤᠳᠤᠭᠠᠷ ᠲᠠᠢ ᠨᠡᠢᠯᠡᠪᠡᠯ ᠶᠠᠭᠠᠬᠢᠨᠠ ᠪᠣᠢ? ᠳᠣᠣᠷᠠ ᠨᠢ ᠦᠬᠦᠨᠡ ᠤᠤ?
— ᠡᠨᠡ ᠬᠣᠶᠠᠷ ᠡᠮ ᠦ᠋ᠨ ᠪᠦᠷᠢᠯᠳᠦᠬᠦᠨ ᠡᠴᠡ ᠦᠵᠡᠪᠡᠯ ᠤᠷᠪᠠᠯ ᠡᠭᠦᠰᠬᠦ ᠪᠣᠯᠤᠯᠴᠠᠭᠠ ᠲᠠᠢ ᠲᠤᠯᠠ ᠨᠡᠢᠯᠡᠭᠦᠯᠵᠦ ᠵᠠᠷᠤᠬᠤ ᠶ᠋ᠢ ᠴᠡᠭᠡᠷᠯᠡᠨᠡ᠃ ᠭᠡᠲᠡᠯᠡ ᠬᠦᠨᠳᠦ ᠶᠠᠰᠤᠨ ᠡᠪᠡᠳᠴᠢᠲᠡᠨ ᠵᠣᠪᠠᠭᠤᠷᠢᠯᠠᠭᠠᠳ ᠪᠠᠢᠪᠠᠯ ᠡᠮᠦᠨᠡ ᠬᠣᠢᠨᠠ ᠨᠢ ᠡᠳᠦᠢ ᠲᠡᠳᠦᠢ ᠴᠠᠭ ᠠᠯᠤᠰᠯᠠᠭᠠᠳ ᠬᠡᠷᠡᠭᠯᠡᠬᠦ ᠤᠴᠢᠷ ᠦᠷᠭᠦᠯᠵᠢ ᠭᠠᠷᠳᠠᠭ᠃ ᠭᠡᠪᠡᠴᠦ ᠳᠥᠷᠪᠡ᠂ ᠳᠥᠷᠪᠡᠨ ᠮᠢᠯᠢᠯᠢᠲ᠋ᠷ ᠢ᠋ᠶ᠋ᠡᠷ ᠬᠡᠷᠡᠭᠯᠡᠪᠡᠯ ᠦᠬᠦᠬᠦ ᠨᠢ ᠬᠤᠷᠳᠤᠨ ᠪᠠᠢᠵᠤ ᠮᠡᠳᠡᠨᠡ᠃
— ᠪᠠᠷᠤᠭ ᠬᠡᠳᠦᠨ ᠴᠠᠭ ᠤ᠋ᠨ ᠳᠣᠲᠣᠷᠠ ᠦᠬᠦᠨᠡ ᠪᠣᠢ ?
— ᠡᠭᠦᠨ ᠢ᠋ ᠲᠡᠢᠮᠦ ᠣᠨᠣᠪᠴᠢᠲᠠᠢ ᠬᠡᠯᠡᠵᠦ ᠴᠢᠳᠠᠬᠤ ᠦᠭᠡᠢ᠃
— ᠪᠢ ᠣᠳᠣ ᠨᠢᠭᠡ ᠬᠦᠴᠢᠷ ᠲᠡᠢ ᠠᠰᠠᠭᠤᠳᠠᠯ ᠳ᠋ᠤ᠌ ᠤᠴᠠᠷᠠᠭᠠᠳ ᠪᠠᠢᠨᠠ᠃ ᠬᠣᠣᠷᠯᠠᠭᠳᠠᠭᠴᠢ ᠦᠵᠡᠰᠬᠦᠯᠡᠩ ᠳ᠋ᠦ᠍ ᠬᠡᠷᠡᠭᠯᠡᠭᠰᠡᠨ ᠬᠠᠮᠤᠭ ᠰᠡᠭᠦᠯ ᠦ᠋ᠨ ᠤᠳᠠᠭᠠᠨ ᠤ᠋ ᠡᠮ ᠲᠠᠷᠢᠭᠰᠠᠨ ᠰᠢᠯ ᠭᠤᠤᠷᠰᠤᠨ ᠠ᠋ᠴᠠ ᠪᠠᠢᠴᠠᠭᠠᠵᠤ ᠭᠠᠷᠭᠠᠭᠰᠠᠨ ᠢ᠋ᠶ᠋ᠠᠷ ᠪᠣᠯ A ᠭᠤᠷᠪᠠᠳᠤᠭᠠᠷ ᠪᠣᠯᠤᠨ B ᠵᠢᠷᠭᠤᠳᠤᠭᠠᠷ ᠢ᠋ ᠨᠡᠢᠯᠡᠭᠦᠯᠦᠭᠡᠳ ᠨᠠᠢᠳᠠ ᠳᠥᠷᠪᠡᠨ ᠮᠢᠯᠢᠯᠢᠲ᠋ᠷ ᠵᠠᠷᠤᠭᠰᠠᠨ ᠢ᠋ ᠢᠯᠡᠷᠡᠭᠦᠯᠪᠡ᠃ ᠦᠵᠡᠰᠬᠦᠯᠡᠩ ᠬᠠᠷᠢᠨ ᠡᠮ ᠲᠠᠷᠢᠭᠰᠠᠨ ᠤ᠋ ᠳᠠᠷᠠᠭᠠ ᠠᠷᠠᠢ ᠬᠠᠭᠠᠰ ᠴᠠᠭ ᠴᠦ᠍ ᠪᠣᠯᠤᠭᠠᠳᠤᠢ ᠪᠠᠷ ᠦᠬᠦᠵᠡᠢ᠃ ᠮᠢᠨᠦ ᠰᠡᠵᠢᠭᠯᠡᠵᠦ ᠪᠠᠢᠬᠤ ᠪᠠᠷ ᠡᠨᠡ ᠬᠣᠶᠠᠷ ᠡᠮ ᠨᠡᠢᠯᠡᠪᠡᠯ ᠡᠢᠮᠦ ᠬᠤᠷᠳᠤᠨ ᠬᠥᠮᠦᠨ ᠦ᠌ ᠠᠮᠢᠨ ᠳ᠋ᠤ᠌ ᠬᠦᠷᠴᠦ ᠴᠢᠳᠠᠨᠠ ᠭᠡᠵᠢ ᠤᠤ? ᠲᠡᠷᠡᠴᠢᠯᠡᠨ᠂ ᠦᠵᠡᠰᠬᠦᠯᠡᠩ ᠦ᠋ᠨ ᠦᠬᠦᠬᠦ ᠡᠴᠡ ᠡᠮᠦᠨᠡᠬᠢ ᠪᠠᠢᠳᠠᠯ ᠠ᠋ᠴᠠ ᠦᠵᠡᠪᠡᠯ᠂ ᠥᠴᠦᠬᠡᠨ ᠴᠦ᠍ ᠠᠮᠤᠷᠵᠢᠭᠰᠠᠨ ᠮᠠᠶᠢᠭ ᠦᠭᠡᠢ ᠮᠥᠷᠲᠡᠭᠡᠨ ᠬᠠᠷᠢᠨ ᠴᠢᠨᠡᠭᠡ ᠮᠡᠳᠡᠨ ᠲᠡᠯᠴᠢᠯᠡᠵᠦ ᠪᠠᠢᠭᠰᠠᠨ ᠲᠥᠯᠥᠪᠲᠡᠢ᠃ ᠡᠳᠡᠭᠡᠷ ᠨᠢ ᠨᠠᠳᠠ ᠲᠠᠢᠯᠪᠤᠷᠢᠯᠠᠭᠳᠠᠰᠢ ᠦᠭᠡᠢ ᠠᠰᠠᠭᠤᠳᠠᠯ ᠪᠣᠯᠵᠤ ᠪᠠᠢᠨᠠ᠃
— ᠡᠨᠡ ᠶᠠᠪᠤᠳᠠᠯ ᠢ᠋ ᠢᠯᠡᠷᠡᠭᠦᠯᠬᠦ ᠳ᠋ᠦ᠍ ᠠᠮᠠᠷᠬᠠᠨ᠂ ᠨᠣᠬᠠᠢ ᠳ᠋ᠤ᠌ ᠲᠤᠷᠰᠢᠯᠲᠠ ᠬᠢᠪᠡᠯ ᠮᠡᠳᠡᠴᠢᠬᠡᠬᠦ ᠶᠦᠮ᠃ ᠴᠢ ᠰᠠᠨᠠᠭᠠ ᠠᠮᠤᠷ ᠪᠠᠢ᠂ 《ᠭᠠᠤᠯᠢᠨ ᠰᠢᠷᠠ》 ᠮᠢᠨᠢ᠁
— ᠲᠡᠢᠮᠦ ᠬᠢᠯᠪᠠᠷᠬᠠᠨ ᠦᠭᠡᠢ ᠰᠢᠦ᠃ ᠣᠳᠣᠬᠠᠨ ᠳ᠋ᠤ᠌ ᠶᠠᠯᠠᠲᠠᠨ ᠤ᠋ ᠠᠮᠠᠨ ᠥᠴᠢᠭ ᠪᠣᠯᠤᠨ ᠭᠡᠷᠡᠴᠢ ᠪᠠᠷᠢᠮᠲᠠ ᠳ᠋ᠤ᠌ ᠢᠯᠡᠷᠡᠭᠰᠡᠨ ᠡᠮ ᠦ᠋ᠨ ᠬᠡᠮᠵᠢᠶᠡ ᠵᠥᠷᠢᠶᠡ ᠲᠡᠢ ᠪᠠᠢᠨᠠ᠃ ᠶᠠᠯᠠᠲᠠᠨ ᠪᠣᠯᠤᠷᠴᠠᠭᠠᠨ ᠤ᠋ ᠬᠡᠯᠡᠬᠦ ᠪᠡᠷ ᠬᠣᠶᠠᠷ ᠲᠥᠷᠥᠯ ᠦ᠋ᠨ ᠡᠮ ᠡᠴᠡ ᠲᠤᠰ ᠪᠦᠷᠢ ᠳᠥᠷᠪᠡᠨ ᠮᠢᠯᠢᠯᠢᠲ᠋ᠷ ᠠᠪᠴᠤ ᠨᠠᠢ᠍ᠮᠠᠨ ᠮᠢᠯᠢᠯᠢᠲ᠋ᠷ ᠪᠣᠯᠭᠠᠭᠠᠳ ᠦᠵᠡᠰᠬᠦᠯᠡᠩ ᠳ᠋ᠦ᠍ ᠲᠠᠷᠢᠭᠰᠠᠨ ᠳ᠋ᠤ᠌ ᠳᠣᠣᠷᠠ ᠨᠢ ᠦᠬᠦᠭᠰᠡᠨ ᠭᠡᠨᠡ᠃ ᠭᠡᠲᠡᠯᠡ ᠡᠨᠡ ᠨᠢ ᠡᠮ ᠲᠠᠷᠢᠬᠤ ᠪᠠᠭᠠᠵᠢ ᠳ᠋ᠤ᠌ ᠦᠯᠡᠳᠡᠭᠰᠡᠨ ᠣᠷᠣ ᠮᠥᠷ ᠲᠡᠢ ᠨᠡᠢᠴᠡᠬᠦ ᠦᠭᠡᠢ ᠪᠠᠢᠨᠠ᠃ ᠰᠡᠵᠢᠭᠯᠡᠭᠦᠰᠢᠲᠡᠢ ᠨᠢ ᠲᠡᠷᠡ ᠶᠠᠭᠤᠨ ᠳ᠋ᠤ᠌ ᠵᠠᠪᠠᠯ ᠡᠮ ᠦ᠋ᠨ ᠬᠡᠮᠵᠢᠶᠡ ᠪᠡᠨ ᠨᠡᠮᠡᠭᠳᠡᠭᠦᠯᠵᠦ ᠶᠠᠯᠠ ᠡᠭᠦᠷᠬᠦ ᠪᠣᠢ? ᠡᠰᠡᠪᠡᠯ ᠳᠥᠷᠪᠡ ᠳᠥᠷᠪᠡᠨ ᠮᠢᠯᠢᠯᠢᠲ᠋ᠷ ᠢ᠋ᠶ᠋ᠡᠷ ᠠᠰ ᠠᠰ ᠲᠤᠨᠢ ᠲᠠᠷᠢᠪᠠ ᠤᠤ? ᠪᠠᠲᠤᠯᠠᠬᠤ ᠶ᠋ᠢᠨ ᠠᠷᠭᠠ ᠦᠭᠡᠢ᠃ ᠤᠴᠢᠷ ᠨᠢ ᠪᠣᠯᠤᠷᠴᠠᠭᠠᠨ ᠠᠩᠬᠠᠨ ᠳᠤ ᠪᠠᠨ ᠢᠩᠭᠢᠵᠦ ᠲᠤᠰᠢᠶᠠᠭᠰᠠᠨ ᠦᠭᠡᠢ ᠲᠤᠯᠠ ᠣᠳᠣ ᠪᠢᠳᠡ ᠶᠠᠮᠠᠷ ᠴᠦ᠍ ᠡᠰᠢ ᠪᠠᠷᠢᠮᠲᠠ ᠦᠭᠡᠢ ᠪᠡᠷ ᠲᠡᠭᠦᠨ ᠢ᠋ ᠳᠠᠬᠢᠭᠠᠳ ᠰᠢᠭᠦᠭᠰᠡᠨ ᠴᠦ᠍ ᠬᠡᠷᠡᠭ ᠦᠭᠡᠢ᠃ ᠢᠩᠭᠢᠭᠡᠳ ᠠᠷᠭᠠ ᠠᠯᠳᠠᠷᠠᠬᠤ ᠳᠤ ᠪᠠᠨ 《ᠠᠰᠠᠷ ᠬᠠᠮᠠᠷᠲᠤ》 ᠪᠠᠨ ᠭᠤᠶᠤᠬᠤ ᠪᠠᠷ ᠢᠷᠡᠭᠰᠡᠨ ᠨᠢ ᠡᠨᠡ ᠰᠢᠲᠠ᠃
— ᠡᠨᠡ ᠴᠦ᠍ ᠭᠠᠢᠭᠤᠢ᠂ ᠪᠢ ᠮᠠᠷᠭᠠᠰᠢ ᠭᠤᠷᠪᠠᠨ ᠨᠣᠬᠠᠢ ᠳ᠋ᠤ᠌ ᠲᠤᠷᠰᠢᠯᠲᠠ ᠬᠢᠶᠡ᠃ ᠨᠢᠭᠡᠨ ᠳ᠋ᠦ᠍ᠨᠢ ᠳᠥᠷᠪᠡᠨ ᠮᠢᠯᠢᠯᠢᠲ᠋ᠷ A ᠭᠤᠷᠪᠠᠳᠤᠭᠠᠷ᠂ ᠳᠥᠷᠪᠡᠨ ᠮᠢᠯᠢᠯᠢᠲ᠋ᠷ B ᠵᠢᠷᠭᠤᠳᠤᠭᠠᠷ ᠢ᠋ ᠨᠡᠢᠯᠡᠭᠦᠯᠦᠨ ᠲᠠᠷᠢᠶᠠ᠃ ᠨᠥᠭᠦᠭᠡ ᠨᠢᠭᠡ ᠳ᠋ᠦ᠍ᠨᠢ ᠲᠤᠰ ᠪᠦᠷᠢ ᠬᠣᠶᠠᠷ ᠮᠢᠯᠢᠯᠢᠲ᠋ᠷ᠂ ᠨᠠᠢᠳᠠ ᠳᠥᠷᠪᠡᠨ ᠮᠢᠯᠢᠯᠢᠲ᠋ᠷ ᠨᠡᠢᠯᠡᠭᠦᠯᠦᠨ ᠲᠠᠷᠢᠶᠠ᠃ ᠪᠠᠰᠠ ᠨᠢᠭᠡ ᠳ᠋ᠦ᠍ᠨᠢ ᠳᠥᠷᠪᠡᠨ ᠮᠢᠯᠢᠯᠢᠲ᠋ᠷ A ᠭᠤᠷᠪᠠᠳᠤᠭᠠᠷ ᠢ᠋ ᠯᠡ ᠲᠠᠷᠢᠶᠠ᠃ ᠢᠩᠭᠢᠭᠡᠳ ᠨᠠᠭᠠᠳᠤ ᠵᠠᠬᠠ ᠳᠤ ᠪᠠᠨ ᠲᠤᠰ ᠪᠦᠷᠢ ᠬᠡᠳᠦᠨ ᠴᠠᠭ ᠳᠣᠲᠣᠷᠠ ᠦᠢᠯᠡᠳᠦᠯ ᠭᠠᠷᠬᠤ ᠪᠠ ᠶᠠᠮᠠᠷ ᠶᠠᠮᠠᠷ ᠢᠯᠡᠷᠡᠯ ᠪᠠᠢᠳᠠᠭ ᠢ᠋ ᠨᠢ ᠦᠵᠡᠶᠡ᠃
— ᠵᠠ᠂ ᠶᠡᠬᠡ ᠰᠠᠢᠨ ᠪᠣᠯᠤᠯᠠ᠃ ᠬᠡᠯᠡᠬᠦ ᠡᠴᠡ ᠴᠢᠨᠦ ᠬᠦᠦ ᠡᠴᠡ ᠪᠡᠨ ᠢᠯᠡᠭᠦᠦ ᠠᠮᠢᠯᠠᠳᠠᠭ ᠨᠣᠬᠠᠳ ᠠ᠋ᠴᠠ ᠬᠣᠶᠠᠷ ᠨᠢ ᠯᠡ ᠭᠠᠢ ᠳ᠋ᠤ᠌ ᠭᠠᠷᠬᠤ ᠶᠤᠮ ᠪᠠᠢᠨᠠ᠃
— ᠲᠡᠭᠡᠪᠡᠯ ᠴᠢ ᠵᠤᠯᠵᠠᠭᠠᠯᠠᠭᠤᠯᠵᠤ ᠥᠭᠬᠦ ᠬᠡᠷᠡᠭᠲᠡᠢ᠃ ᠲᠤᠷᠰᠢᠯᠲᠠ ᠶ᠋ᠢᠨ ᠳ᠋ᠦᠩ ᠠᠮᠵᠢᠯᠲᠠ ᠲᠠᠢ ᠪᠣᠯᠤᠭᠰᠠᠨ ᠤ᠋ ᠬᠣᠢᠨᠠ ᠨᠠᠳᠠ ᠰᠢᠷᠠ ᠲᠣᠯᠣᠭᠠᠢ ᠪᠠᠨ ᠰᠢᠯᠪᠤᠷᠠᠲᠠᠯᠠ ᠮᠥᠷᠭᠥᠬᠦ ᠪᠡᠨ ᠮᠡᠳᠡ᠃
ᠬᠣᠶᠠᠷ ᠨᠠᠢᠵᠠ ᠨᠠᠷᠭᠢᠯᠳᠤᠭᠰᠠᠭᠠᠷ᠁ ᠯᠣᠩᠬᠣᠨ ᠳ᠋ᠠᠬᠢ ᠠᠷᠢᠬᠢ ᠳᠣᠷᠣᠭᠰᠢᠯᠠᠬᠤ ᠳᠣᠳᠣᠮ ᠬᠤᠷᠤᠭᠤ ᠵᠢᠮᠡᠯᠴᠡᠬᠦ ᠳᠠᠭᠤ ᠥᠨᠳᠥᠷᠵᠢᠭᠰᠡᠭᠡᠷ᠃ ᠬᠠᠨ ᠠᠪᠤᠭᠠᠢ ᠶ᠋ᠢᠨ ᠴᠢᠷᠠᠢ ᠨᠢ ᠬᠦᠵᠦᠭᠦᠨ ᠳᠦ ᠪᠡᠨ ᠲᠤᠯᠲᠠᠯᠠ ᠤᠯᠠᠢᠨ ᠮᠠᠨᠴᠤᠷᠭᠠᠨ ᠬᠠᠮᠠᠷ ᠨᠢ ᠰᠢᠨᠲᠠᠢᠨ ᠤᠯᠠᠢᠨᠠ᠃ ᠬᠡᠯᠡ ᠨᠢ ᠴᠣᠯᠴᠢᠷᠠᠪᠠᠴᠤ ᠬᠤᠷᠤᠭᠤ ᠵᠢᠮᠡᠯᠴᠡᠬᠦ ᠨᠢ ᠰᠦᠷᠡᠬᠡᠢ ᠴᠢᠩᠭᠠᠷᠠᠭᠠᠳ᠄《ᠭᠡᠷᠡᠯ ᠭᠢᠯᠠᠯᠵᠠᠭᠰᠠᠨ ᠰᠢᠷᠠ ᠶᠠᠭᠤᠮᠠ ᠪᠦᠬᠦᠨ ᠠᠯᠲᠠ ᠪᠢᠰᠢ ᠰᠢᠦ᠃ ᠠᠯᠲᠠ ᠪᠢᠰᠢ ᠴᠦ᠍ ᠵᠢᠩᠬᠢᠨᠢ ᠭᠠᠤᠯᠢ ᠪᠣᠯᠪᠠᠴᠤ ᠶᠠᠭᠠᠮᠠᠢ ᠳᠠ᠁ ᠠᠯᠳᠠᠭᠰᠠᠨ ᠠᠷᠢᠬᠢ ᠪᠠᠨ ᠤᠤᠭᠤᠵᠤ ᠣᠷᠭᠢ》 ᠭᠡᠮᠡᠨ ᠢᠯᠳᠠᠷ ᠬᠠᠶᠠᠯ ᠦᠭᠡᠢ ᠱᠠᠯᠠᠵᠤ ᠲᠦᠪᠰᠢᠨ ᠦ᠌ ᠨᠢᠭᠡ ᠡᠳᠦᠷ ᠦ᠋ᠨ ᠠᠵᠢᠯ ᠳᠠᠭᠤᠰᠴᠤ ᠪᠢᠯᠡ᠃
ᠤᠩᠰᠢᠭᠰᠠᠨ ᠨᠢ᠄ ᠴᠡᠴᠡᠭᠮᠡ