ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠶᠢᠰᠦ> Хялгасан дөрөөн дээр – Хасвулаг зохиов <9> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠶᠢᠰᠦ> Хялгасан дөрөөн дээр – Хасвулаг зохиов <9>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠶᠢᠰᠦ> Хялгасан дөрөөн дээр – Хасвулаг зохиов <9>

ᠠᠩᠭᠢᠯᠠᠯ:ᠲᠤᠭᠤᠵᠢ ᠷᠣᠮᠠᠨ
2026-01-05

164

ᠬᠢᠯᠭᠠᠰᠤᠨ ᠳᠥᠷᠥᠭᠡᠨ ᠳᠡᠭᠡᠷ᠎ᠡ - <ᠶᠢᠰᠦ>

 
                ᠶᠢᠰᠦ 

       ᠲᠦᠮᠡᠨᠨᠠᠰᠤᠲᠤ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠠᠵᠢᠯᠲᠠᠨ ᠤ᠋ ᠰᠠᠯᠠᠭᠠᠨ ᠳᠠᠷᠤᠭ᠎ᠠ ᠭᠥᠯᠥᠭᠡ ᠭᠡᠭᠴᠢ ᠨᠢ ᠵᠣᠴᠢᠨᠰᠠᠭ᠂ ᠶᠣᠰᠣᠷᠬᠠᠭ᠂ ᠠᠮᠠᠨᠴᠢᠷ ᠬᠥᠮᠦᠨ ᠪᠠᠢᠳᠠᠭ᠃  ᠲᠦᠪᠰᠢᠨ᠂ ᠬᠥᠬᠡᠲᠤᠯᠢ ᠬᠣᠶᠠᠭᠤᠯᠠ ᠠᠯᠪᠠᠨ ᠭᠡᠷ ᠲᠦ᠋ᠨᠢ ᠣᠷᠣᠵᠤ ᠣᠴᠢᠬᠤ ᠶ᠋ᠢ ᠦᠵᠡᠭᠡᠳ ᠲᠡᠷᠡ ᠰᠠᠭᠤᠳᠠᠯ ᠠ᠋ᠴᠠ ᠪᠠᠨ ᠬᠤᠷᠳᠤᠨ ᠱᠠᠯᠠᠮᠠᠭᠠᠢ ᠪᠣᠰᠴᠤ ᠤᠭᠲᠤᠯ᠎ᠠ᠃ 
       ᠡᠨᠡ ᠳᠠᠷᠤᠭ᠎ᠠ ᠶᠡᠷᠦ ᠨᠢ ᠰᠢᠷᠡᠭᠡᠨ ᠡᠴᠡ ᠪᠡᠨ ᠬᠤᠷᠳᠤᠨ ᠪᠣᠰᠴᠤ ᠬᠥᠮᠦᠨ ᠤᠭᠲᠤᠭᠰᠠᠭᠠᠷ ᠪᠠᠢᠭᠠᠳ ᠡᠢᠮᠦ ᠳᠠᠳᠬᠠᠯ ᠲᠠᠢ ᠪᠣᠯᠤᠭᠰᠠᠨ ᠴᠦ᠍ ᠪᠣᠯᠪᠠ ᠤᠤ ᠭᠡᠮᠡᠷ᠃ 
       ᠲᠡᠭᠡᠭᠡᠳ ᠯᠡ ᠲᠡᠷᠡ ᠬᠣᠶᠠᠭᠤᠯᠠ ᠶ᠋ᠢ ᠤᠷᠢᠵᠤ ᠠᠯᠪᠠᠨ ᠰᠢᠷᠡᠭᠡᠨ ᠦ᠌ ᠪᠠᠰᠠ ᠡᠮᠦᠨᠡᠬᠢ ᠲᠣᠮᠣ ᠭᠡᠭᠴᠢ ᠲᠦᠰᠢᠯᠭᠡ ᠲᠡᠢ ᠬᠠᠲᠠᠭᠤ ᠰᠠᠭᠤᠳᠠᠯ ᠲᠠᠢ ᠰᠠᠨᠳᠠᠯᠢ ᠳᠡᠭᠡᠷ᠎ᠡ ᠪᠡᠨ ᠰᠠᠭᠤᠯᠭᠠᠪᠠ᠃ 
       ᠲᠦᠪᠰᠢᠨ ᠭᠤᠸᠠᠢ ᠶ᠋ᠢ ᠠᠷᠠᠢ ᠯᠠ ᠰᠠᠭᠤᠳᠠᠯ ᠳᠡᠭᠡᠷ᠎ᠡ ᠰᠠᠭᠤᠲᠠᠯ᠎ᠠ ᠰᠠᠯᠠᠭᠠᠨ ᠳᠠᠷᠤᠭ᠎ᠠ ᠭᠥᠯᠥᠭᠡ᠂ 《ᠮᠠᠨᠳᠠᠷᠸ᠎ᠠ》 ᠨᠡᠷᠡᠮᠵᠢᠲᠦ ᠥᠨᠳᠥᠷ ᠵᠡᠷᠭᠡ ᠶ᠋ᠢᠨ ᠦᠨᠦᠷᠲᠦ ᠶᠠᠨᠵᠤᠤᠷ ᠠ᠋ᠴᠠ ᠪᠠᠨ ᠨᠢᠭᠡ ᠭᠣᠳᠣᠯᠢ ᠰᠤᠭᠤᠯᠤᠨ ᠠᠪᠴᠤ ᠥᠨᠳᠥᠷ ᠴᠦ᠍ ᠦᠭᠡᠢ ᠪᠣᠭᠣᠨᠢ ᠴᠦ᠍ ᠦᠭᠡᠢ᠂ ᠭᠠᠷ ᠬᠥᠳᠡᠯᠪᠡᠯ ᠠᠪᠴᠢᠬᠠᠮᠠᠷ ᠬᠡᠮᠵᠢᠶᠡᠨ ᠳ᠋ᠦ᠍ ᠪᠠᠷᠢᠵᠠᠢ᠃ ᠲᠦᠪᠰᠢᠨ ᠢ᠋ ᠥᠨᠳᠡᠢᠨ ᠪᠣᠰᠴᠤ ᠲᠠᠮᠠᠬᠢ ᠶ᠋ᠢ ᠨᠢ ᠭᠠᠷᠳᠠᠩᠭᠤᠲᠠ ᠭᠥᠯᠥᠭᠡ ᠳᠠᠷᠤᠭ᠎ᠠ ᠠᠯᠢ ᠬᠡᠳᠦᠢᠨ ᠮᠠᠰᠢᠨ ᠬᠡᠲᠡ ᠪᠡᠨ ᠱᠤᠸᠠᠷᠳ᠋ ᠭᠡᠲᠡᠯ᠎ᠡ ᠨᠣᠴᠣᠭᠠᠨ ᠲᠠᠮᠠᠬᠢᠨ ᠦᠵᠦᠭᠦᠷ ᠲᠦ᠋ᠨᠢ ᠲᠤᠯᠭᠠᠵᠤ ᠠᠪᠴᠢᠷᠠᠯ᠎ᠠ᠃ 
       ᠲᠦᠪᠰᠢᠨ ᠲᠠᠮᠠᠬᠢ ᠪᠠᠨ ᠨᠣᠴᠣᠭᠠᠵᠤ ᠠᠪᠤᠭᠠᠳ ᠤᠲᠤᠭ᠎ᠠ ᠪᠠᠨ ᠭᠠᠷᠭᠠᠵᠤ ᠠᠮᠵᠢᠬᠤ ᠠ᠋ᠴᠠ ᠡᠮᠦᠨ᠎ᠡ ᠲᠡᠷᠡ ᠵᠠᠪᠳᠤᠨ᠄ 
       — ᠬᠡᠷᠪᠡ ᠪᠢ ᠬᠥᠮᠦᠨ ᠡᠨᠳᠡᠭᠦᠷᠡᠭᠰᠡᠨ ᠦᠭᠡᠢ ᠪᠣᠯ ᠲᠠ ᠬᠣᠲᠠ ᠶ᠋ᠢᠨ ᠰᠢᠭᠦᠬᠦ ᠬᠣᠷᠢᠶᠠᠨ ᠤ᠋ ᠡᠷᠡᠭᠦᠦ ᠶ᠋ᠢᠨ ᠲᠢᠩᠬᠢᠮ ᠦ᠋ᠨ ᠳᠠᠷᠤᠭ᠎ᠠ ᠲᠦᠪᠰᠢᠨ ᠪᠢᠵᠡ? ᠭᠡᠮᠡᠨ ᠢᠨᠢᠶᠡᠮᠰᠦᠭᠯᠡᠨ ᠠᠰᠠᠭᠤᠪᠠ᠃ 
       ᠲᠦᠪᠰᠢᠨ ᠲᠣᠯᠣᠭᠠᠢ ᠳᠣᠬᠢᠨ ᠵᠥᠪᠰᠢᠶᠡᠷᠡᠭᠰᠡᠨ ᠢ᠋ᠶ᠋ᠡᠨ᠄ 
       — ᠪᠢ ᠶᠠᠭᠠᠬᠢᠭᠠᠳ ᠲᠠᠨ ᠢ᠋ ᠲᠠᠨᠢᠬᠤ ᠦᠭᠡᠢ ᠪᠣᠢ? ᠲᠠ ᠨᠠᠳᠠ ᠥᠴᠦᠬᠡᠨ ᠴᠦ᠍  ᠰᠠᠭᠤᠭᠳᠠᠯ ᠦᠭᠡᠢ ᠰᠢᠭ ᠭᠡᠪᠡ᠃ 
       — ᠲᠠ ᠰᠢᠭᠦᠬᠦ ᠲᠢᠩᠬᠢᠮ ᠳ᠋ᠦ᠍ ᠶᠠᠯᠠᠲᠠᠨ ᠰᠢᠭᠦᠵᠦ ᠪᠠᠢᠬᠤ ᠶ᠋ᠢ ᠪᠢ ᠣᠯᠠᠨ ᠤᠳᠠᠭ᠎ᠠ ᠦᠵᠡᠭᠰᠡᠨ᠃ ᠲᠠ ᠶᠠᠭᠠᠬᠢᠯ᠎ᠠ ᠭᠡᠵᠦ ᠲᠢᠩᠬᠢᠮ ᠳ᠋ᠦ᠍ ᠣᠴᠢᠭᠰᠠᠨ ᠬᠠᠵᠠᠭᠤ ᠶ᠋ᠢᠨ ᠰᠣᠨᠣᠰᠤᠭᠴᠢ ᠪᠦᠬᠦᠨ ᠢ᠋ ᠲᠠᠨᠢᠬᠤ ᠪᠣᠢ? ᠲᠠ ᠨᠠᠮᠠᠶ᠋ᠢ ᠲᠠᠨᠢᠬᠤ ᠦᠭᠡᠢ ᠨᠢ ᠶᠠᠷᠢᠶᠠᠨ ᠦᠭᠡᠢ᠃ ᠮᠢᠨᠦ ᠨᠡᠷ᠎ᠡ ᠭᠥᠯᠥᠭᠡ ᠭᠡᠳᠡᠭ ᠶᠦᠮ᠃ 
       — ᠠ᠂ ᠭᠥᠯᠥᠭᠡ ᠨᠥᠬᠥᠷ᠂ ᠣᠳᠣ ᠪᠢᠳᠡ ᠲᠠᠨᠢᠯᠴᠠᠯ᠎ᠠ ᠭᠡᠳ ᠲᠡᠷᠡ ᠪᠣᠰᠴᠤ ᠵᠣᠭᠰᠣᠨ ᠭᠠᠷ ᠢ᠋ ᠨᠢ ᠠᠳᠬᠤᠨ ᠳᠡᠷᠭᠡᠳᠡᠬᠢ ᠱᠠᠹᠠ ᠳᠡᠭᠡᠷ᠎ᠡ ᠰᠠᠭᠤᠯᠭᠠᠭᠠᠳ᠄ 
       — ᠪᠢᠳᠡᠨ ᠦ᠌ ᠥᠨᠥᠳᠥᠷ ᠦ᠋ᠨ ᠢᠷᠡᠭᠰᠡᠨ ᠵᠣᠷᠢᠯᠭ᠎ᠠ ᠪᠣᠯ ᠬᠡᠳᠦᠨ ᠰᠠᠷ᠎ᠠ ᠶ᠋ᠢᠨ ᠡᠮᠦᠨ᠎ᠡ ᠬᠣᠣᠷᠯᠠᠭᠳᠠᠭᠰᠠᠨ ᠦᠵᠡᠰᠬᠦᠯᠡᠩ ᠦ᠋ᠨ ᠪᠠᠢᠳᠠᠯ ᠢ᠋ ᠲᠠᠨ ᠠ᠋ᠴᠠ ᠣᠢᠯᠠᠭᠠᠶ᠎ᠠ ᠭᠡᠰᠡᠨ ᠶᠦᠮ᠃ ᠲᠠ ᠪᠢᠳᠡᠨ ᠳ᠋ᠦ᠍ ᠡᠷᠡᠭᠡᠯᠡᠯ ᠦᠭᠡᠢ᠁ 
       — ᠦ ᠂ ᠪᠢ ᠮᠡᠳᠡᠬᠦ ᠪᠡᠨ ᠪᠦᠷ ᠲᠤᠰᠬᠠᠵᠤ ᠪᠣᠯᠤᠨ᠎ᠠ᠃ ᠭᠠᠭᠴᠠ ᠬᠦ᠌ ᠬᠣᠣᠷᠯᠠᠭᠳᠠᠬᠤ ᠶ᠋ᠢᠨ ᠦᠶ᠎ᠡ ᠶ᠋ᠢᠨ ᠪᠣᠳᠠᠲᠤ ᠪᠠᠢᠳᠠᠯ ᠢ᠋ ᠮᠡᠳᠡᠬᠦ ᠦᠭᠡᠢ᠃ ᠬᠡᠷᠡᠭ ᠦ᠋ᠨ ᠲᠠᠯᠠᠪᠠᠢ ᠶ᠋ᠢ ᠪᠠᠢᠴᠠᠭᠠᠵᠤ ᠪᠠᠷᠠᠭᠰᠠᠨ ᠤ᠋ ᠳᠠᠷᠠᠭᠠᠬᠢ ᠭᠤᠷᠪᠠᠳᠤᠭᠠᠷ ᠡᠳᠦᠷ ᠨᠢ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠠ᠋ᠴᠠ ᠪᠢᠳᠡᠨ ᠳ᠋ᠦ᠍ ᠬᠡᠭᠦᠷ ᠢ᠋ ᠨᠢ ᠰᠢᠯᠵᠢᠭᠦᠯᠦᠨ ᠣᠷᠣᠰᠢᠭᠤᠯᠬᠤ ᠮᠡᠳᠡᠭᠳᠡᠯ ᠥᠭᠭᠦᠭᠰᠡᠨ ᠶᠦᠮ᠃ ᠢᠩᠭᠢᠭᠡᠳ ᠰᠠᠶᠢ ᠮᠢᠨᠦ ᠭᠣᠣᠯᠴᠢᠯᠠᠨ ᠬᠠᠮᠢᠶᠠᠷᠬᠤ ᠱᠠᠲᠤᠨ ᠳ᠋ᠤ᠌ ᠣᠷᠣᠭᠰᠠᠨ ᠶᠤᠮ᠃ 
       — ᠬᠡᠷᠡᠭ ᠦ᠋ᠨ ᠲᠠᠯᠠᠪᠠᠢ ᠳ᠋ᠤ᠌ ᠲᠠᠨ ᠤ᠋ ᠡᠮᠨᠡᠯᠭᠡ ᠶ᠋ᠢᠨ ᠬᠣᠷᠢᠶᠠᠨ ᠠ᠋ᠴᠠ ᠬᠥᠮᠦᠨ ᠣᠴᠢᠭᠰᠠᠨ ᠤᠤ? 
       — ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠠ᠋ᠴᠠ ᠮᠠᠨ ᠳ᠋ᠤ᠌ ᠬᠥᠮᠦᠨ ᠲᠣᠮᠢᠯᠠᠨ ᠲᠡᠳᠡᠨ ᠦ᠌ ᠬᠠᠤᠯᠢ ᠶ᠋ᠢᠨ ᠡᠮᠴᠢ ᠶ᠋ᠢ ᠬᠠᠪᠰᠤᠷᠴᠤ ᠦᠵᠡᠰᠬᠦᠯᠡᠩ ᠦ᠋ᠨ ᠬᠡᠭᠦᠷ ᠢ᠋ ᠪᠠᠢᠴᠠᠭᠠᠨ ᠲᠤᠶᠠᠴᠢᠵᠤ ᠬᠢᠨᠠᠨ ᠲᠣᠭᠲᠠᠭᠠᠬᠤ ᠶ᠋ᠢ ᠬᠦᠰᠡᠵᠡᠢ᠃ ᠲᠡᠭᠡᠭᠰᠡᠨ ᠴᠢᠨᠢ ᠨᠢᠭᠡ ᠨᠢᠭᠡᠨ ᠳᠦ ᠪᠡᠨ ᠲᠠᠲᠠᠯᠴᠠᠨ ᠲᠦᠯᠬᠢᠯᠴᠡᠭᠰᠡᠭᠡᠷ ᠪᠠᠢᠵᠤ ᠬᠠᠮᠤᠭ ᠰᠡᠭᠦᠯ ᠳ᠋ᠦ᠍ᠨᠢ ᠠᠷᠭ᠎ᠠ ᠠᠯᠳᠠᠷᠠᠬᠤ ᠳᠤ ᠪᠠᠨ ᠮᠠᠨ ᠤ᠋ ᠭᠤᠸᠠᠨ ᠢᠦᠢ ᠱᠠᠨ ᠬᠣᠷᠢᠶᠠᠨ ᠳᠠᠷᠤᠭ᠎ᠠ ᠭᠠᠭᠴᠠᠭᠠᠷ ᠢ᠋ᠶ᠋ᠠᠨ ᠣᠴᠢᠭᠰᠠᠨ ᠶᠤᠮ᠃  
       — ᠦ᠂ ᠭᠥᠯᠥᠭᠡ ᠨᠥᠬᠥᠷ ᠠ᠋᠂ ᠲᠠ ᠪᠢᠳᠡᠨ ᠳ᠋ᠦ᠍ ᠦᠵᠡᠰᠬᠦᠯᠡᠩ ᠦ᠋ᠨ ᠠᠵᠢᠯ ᠤ᠋ᠨ ᠢᠯᠡᠷᠡᠯ᠂ ᠠᠮᠢᠳᠤ ᠦᠶ᠎ᠡ ᠶ᠋ᠢᠨ ᠬᠢᠨᠢ ᠴᠠᠯᠢᠩ ᠬᠥᠯᠥᠰᠥ ᠶ᠋ᠢᠨ ᠪᠠᠢᠳᠠᠯ ᠪᠣᠯᠤᠨ ᠭᠡᠷ ᠣᠷᠣᠨ ᠬᠤᠪᠢᠶᠠᠵᠤ ᠣᠯᠤᠭᠰᠠᠨ ᠪᠠᠢᠳᠠᠯ ᠢ᠋ ᠶᠠᠷᠢᠭᠠᠳ ᠥᠭᠭᠦᠨ᠎ᠡ ᠤᠤ? 
       ᠰᠠᠯᠠᠭᠠᠨ ᠳᠠᠷᠤᠭ᠎ᠠ ᠭᠥᠯᠥᠭᠡ ᠨᠥᠬᠥᠷ᠂ ᠦᠵᠡᠰᠬᠦᠯᠡᠩ ᠦ᠋ᠨ ᠲᠡᠦᠬᠡ ᠶ᠋ᠢ ᠡᠬᠢᠨ ᠡᠴᠡ ᠨᠢ ᠠᠪᠤᠭᠠᠳ ᠨᠠᠷᠢᠨ ᠲᠣᠳᠣ ᠶᠠᠷᠢᠵᠤ ᠥᠭᠭᠦᠯ᠎ᠡ ᠁   
       ᠦᠵᠡᠰᠬᠦᠯᠡᠩ ᠬᠡᠦᠬᠡᠨ᠂ ᠡᠮᠨᠡᠯᠭᠡ ᠶ᠋ᠢᠨ ᠰᠤᠷᠭᠠᠭᠤᠯᠢ ᠪᠠᠨ ᠲᠡᠭᠦᠰᠬᠡᠭᠡᠳ ᠮᠠᠨ ᠤ᠋ ᠬᠣᠷᠢᠶᠠᠨ ᠳ᠋ᠤ᠌ ᠬᠤᠪᠢᠶᠠᠭᠳᠠᠬᠤ ᠳ᠋ᠤ᠌ ᠪᠠᠷᠤᠭ ᠯᠠ ᠬᠣᠷᠢᠨ ᠨᠠᠰᠤ ᠶ᠋ᠢ ᠳᠥᠭᠥᠵᠦ ᠪᠠᠢᠭᠰᠠᠨ ᠪᠣᠢ᠃ ᠡᠪᠡᠷ ᠭᠡᠵᠢᠭᠡ ᠦᠯᠡᠳᠡᠭᠡᠭᠰᠡᠨ ᠬᠡᠦᠬᠡᠨ ᠪᠠᠢᠭᠰᠠᠨ᠃ ᠲᠡᠭᠦᠨ ᠦ᠌ ᠵᠠᠩ ᠠᠭᠠᠰᠢ ᠨᠢ ᠶᠡᠬᠡ ᠨᠣᠮᠣᠬᠠᠨ ᠲᠣᠭᠲᠠᠭᠤᠨ ᠪᠣᠯᠪᠠᠴᠤ ᠳᠣᠲᠣᠭᠠᠳᠤ ᠲᠠᠮᠢᠷ ᠲᠠᠢ ᠰᠢᠭ᠋ ᠰᠠᠨᠠᠭᠳᠠᠳᠠᠭ᠃ ᠰᠣᠨᠣᠰᠬᠤ ᠳ᠋ᠤ᠌ ᠲᠡᠷᠡ ᠠᠷᠪᠠᠨ ᠬᠡᠳᠦᠨ ᠵᠢᠯ ᠰᠤᠷᠭᠠᠭᠤᠯᠢ ᠳ᠋ᠤ᠌ ᠰᠠᠭᠤᠬᠤ ᠳ᠋ᠠᠭᠠᠨ ᠭᠤᠷᠪᠠ ᠤᠳᠠᠭ᠎ᠠ ᠠᠩᠭᠢ ᠦᠰᠦᠷᠦᠭᠰᠡᠨ ᠭᠡᠨ᠎ᠡ᠃  
       ᠡᠨᠳᠡ ᠬᠤᠪᠢᠶᠠᠭᠳᠠᠭᠰᠠᠨ ᠤ᠋ ᠳᠠᠷᠠᠭ᠎ᠠ ᠴᠦ᠍  ᠭᠠᠭᠴᠠᠭᠠᠷ ᠰᠠᠭᠤᠭᠠᠳ ᠰᠤᠷᠴᠤ ᠰᠤᠳᠤᠯᠬᠤ ᠶᠡᠬᠡ ᠳᠤᠷᠠᠲᠠᠢ ᠪᠠᠢᠳᠠᠭ᠃ ᠦᠵᠡᠰᠬᠦᠯᠡᠩ ᠠᠷᠪᠠᠭᠠᠳ ᠵᠢᠯ ᠴᠢᠷᠮᠠᠢᠭᠠᠳ ᠡᠮᠨᠡᠯᠭᠡ ᠶ᠋ᠢᠨ ᠮᠡᠷᠭᠡᠵᠢᠯ ᠨᠢ ᠰᠦᠷᠡᠬᠡᠢ ᠬᠤᠷᠳᠤᠨ ᠳᠡᠭᠡᠭᠰᠢᠯᠡᠵᠡᠢ᠃ ᠢᠯᠠᠩᠭᠤᠶ᠎ᠠ ᠡᠮᠡᠭᠲᠡᠢ ᠶ᠋ᠢᠨ ᠰᠠᠯᠠᠭ᠎ᠠ ᠪᠣᠯᠤᠨ X ᠰᠠᠴᠤᠷᠠᠭ ᠤ᠋ᠨ ᠮᠡᠷᠭᠡᠵᠢᠯ ᠨᠢ ᠮᠠᠨ ᠤ᠋ ᠬᠣᠷᠢᠶᠠᠨ ᠳ᠋ᠤ᠌ ᠴᠦ᠍  ᠦᠵᠦᠭᠦᠷᠯᠡᠬᠦ ᠰᠢᠭ ᠪᠣᠯᠪᠠ᠃ ᠡᠨᠡ ᠰᠠᠯᠠᠭᠠᠨ ᠤ᠋ ᠡᠪᠡᠳᠴᠢᠲᠡᠢ ᠬᠥᠮᠦᠰ ᠲᠦ᠍ ᠡᠮᠨᠡᠯᠭᠡ ᠬᠢᠬᠦ ᠬᠦᠴᠢᠷᠲᠡᠢ ᠠᠰᠠᠭᠤᠳᠠᠯ ᠲᠣᠬᠢᠶᠠᠯᠳᠤᠪᠠᠯ ᠪᠦᠷ ᠲᠡᠭᠦᠨ ᠢ᠋ ᠤᠷᠢᠨ ᠡᠮᠴᠢᠯᠡᠭᠦᠯᠬᠦ ᠪᠤᠶᠤ ᠡᠴᠦᠰ ᠦ᠋ᠨ ᠦᠷ᠎ᠡ ᠳ᠋ᠦᠩ ᠭᠠᠷᠭᠠᠭᠤᠯᠳᠠᠭ᠃ 
       ᠭᠡᠲᠡᠯ᠎ᠡ ᠡᠢᠮᠦ ᠨᠢᠭᠡᠨ ᠮᠡᠷᠭᠡᠵᠢᠯ ᠲᠡᠢ ᠡᠮᠴᠢ ᠶ᠋ᠢᠨ ᠴᠠᠯᠢᠩ ᠬᠥᠯᠥᠰᠥ ᠶ᠋ᠢ ᠨᠢ ᠡᠨᠳᠡ ᠠᠵᠢᠯᠯᠠᠭᠰᠠᠨ ᠬᠣᠷᠢᠭᠠᠳ ᠵᠢᠯ ᠦ᠋ᠨ ᠲᠤᠷᠰᠢ ᠶᠡᠷᠦ ᠥᠰᠬᠡᠭᠰᠡᠨ ᠦᠭᠡᠢ᠃  
       ᠬᠡᠦᠬᠡᠨ ᠪᠠᠢᠬᠤ  ᠳᠤ ᠪᠠᠨ ᠰᠠᠭᠤᠵᠤ ᠪᠠᠢᠭᠰᠠᠨ ᠭᠠᠭᠴᠠ ᠲᠠᠰᠤᠯᠭ᠎ᠠ ᠭᠡᠷ ᠲᠤ ᠪᠠᠨ ᠨᠢᠳᠤᠨᠤᠨ ᠪᠣᠯᠲᠠᠯ᠎ᠠ ᠬᠣᠷᠭᠣᠳᠠᠵᠠᠢ᠃ 
       ᠲᠡᠷᠡ ᠡᠢᠮᠦ ᠠᠮᠢᠳᠤᠷᠠᠯ ᠤ᠋ᠨ ᠨᠥᠬᠥᠴᠡᠯ ᠪᠠ ᠣᠷᠴᠢᠨ ᠲᠣᠭᠣᠷᠢᠨ ᠳ᠋ᠤ᠌ ᠲᠣᠪ ᠳᠤᠭᠤᠢ ᠠᠵᠢᠯᠯᠠᠭᠰᠠᠭᠠᠷ ᠪᠠᠢᠬᠤ ᠳ᠋ᠤ᠌ ᠲᠡᠭᠦᠨ ᠦ᠌ ᠴᠠᠯᠢᠩ ᠬᠥᠯᠥᠰᠥ᠂ ᠣᠷᠣᠨ ᠰᠠᠭᠤᠴᠠ ᠨᠢ ᠬᠠᠮᠲᠤ ᠢᠷᠡᠭᠰᠡᠨ ᠠᠳᠠᠯᠢᠬᠠᠨ ᠣᠯᠭᠣᠮᠵᠢ ᠲᠠᠢ ᠬᠥᠮᠦᠰ ᠡᠴᠡ ᠬᠣᠯᠠ ᠬᠣᠴᠣᠷᠴᠤ᠂ ᠴᠢᠨᠠᠭᠰᠢᠯᠠᠪᠠᠯ ᠬᠠᠷᠢᠨ ᠰᠡᠭᠦᠯ ᠳ᠋ᠦ᠍ ᠢᠷᠡᠭᠰᠡᠨ ᠰᠤᠪᠢᠯᠠᠭᠴᠢ ᠨᠠᠷ ᠠ᠋ᠴᠠ ᠴᠦ᠍  ᠬᠣᠴᠣᠷᠤᠮᠠᠷ ᠪᠣᠯᠤᠯ᠎ᠠ᠃  
       ᠢᠩᠭᠢᠬᠦᠯᠡᠷ ᠠᠵᠢᠯᠲᠠᠨ ᠤ᠋ ᠳᠣᠲᠣᠷ᠎ᠠ ᠲᠤᠰᠬᠠᠯ ᠭᠠᠷᠤᠭᠠᠳ ᠦᠵᠡᠰᠬᠦᠯᠡᠩ ᠢ᠋ ᠬᠡᠲᠦᠷᠬᠡᠢ ᠭᠠᠳᠠᠭᠤᠷᠴᠢᠯᠠᠵᠤ ᠰᠠᠨᠠᠭᠠᠴᠢᠯᠠᠭ᠎ᠠ ᠲᠠᠢ ᠪᠠᠷ ᠰᠢᠬᠠᠭᠤ ᠱᠠᠬᠠᠢ ᠣᠬᠣᠷ ᠬᠤᠪᠴᠠᠰᠤ ᠡᠮᠦᠰᠬᠡᠵᠦ ᠪᠠᠢᠨ᠎ᠠ ᠭᠡᠵᠡᠭᠡᠯ᠎ᠡ᠃  
       ᠬᠡᠯᠡᠯᠭᠡᠨ ᠦᠭᠡᠢ ᠣᠯᠠᠨ ᠤ᠋ ᠶᠠᠷᠢᠶ᠎ᠠ ᠪᠠᠬᠠᠨ ᠬᠡᠲᠦᠷᠡᠭᠦᠯᠦᠭᠰᠡᠨ ᠪᠣᠯᠪᠠᠴᠤ ᠡᠢᠮᠦ ᠦᠷ᠎ᠡ ᠳ᠋ᠦᠩ ᠢ᠋ ᠪᠣᠢ ᠪᠣᠯᠭᠠᠭᠰᠠᠨ ᠨᠢ ᠭᠣᠣᠯᠳᠠᠭᠤ ᠣᠯᠠᠨ ᠲᠠᠯ᠎ᠠ ᠶ᠋ᠢᠨ ᠭᠠᠳᠠᠭᠠᠳᠤ ᠳᠣᠲᠣᠭᠠᠳᠤ ᠨᠥᠬᠥᠴᠡᠯ ᠰᠢᠯᠲᠠᠭᠠᠨ ᠶᠤᠮ᠃ 
      《ᠰᠣᠶᠣᠯ ᠤ᠋ᠨ ᠶᠡᠬᠡ ᠬᠤᠪᠢᠰᠬᠠᠯ》 ᠠ᠋ᠴᠠ ᠡᠮᠦᠨ᠎ᠡ ᠬᠣᠶᠠᠷ ᠤᠳᠠᠭ᠎ᠠ ᠴᠠᠯᠢᠩ ᠥᠰᠬᠡᠬᠦ ᠳ᠋ᠦ᠍ ᠲᠡᠭᠦᠨ ᠢ᠋ ᠶᠡᠬᠡ ᠰᠤᠷᠭᠠᠭᠤᠯᠢ ᠲᠡᠭᠦᠰᠦᠭᠰᠡᠨ ᠲᠤᠯᠠ ᠴᠠᠯᠢᠩ ᠬᠥᠯᠥᠰᠥ ᠨᠢ ᠪᠤᠰᠤᠳ ᠠ᠋ᠴᠠ ᠥᠨᠳᠥᠷ ᠭᠡᠳ ᠴᠠᠯᠢᠩ ᠳᠣᠣᠷ᠎ᠠ ᠨᠥᠬᠥᠳ ᠢ᠋ ᠣᠨᠴᠠᠯᠠᠨ ᠬᠠᠷᠠᠭᠠᠯᠵᠠᠭᠰᠠᠨ ᠪᠠᠢᠨ᠎ᠠ᠃  
       ᠮᠠᠨ ᠤ᠋ ᠰᠠᠯᠠᠭᠠᠨ ᠠ᠋ᠴᠠ ᠤᠳᠠᠭ᠎ᠠ ᠪᠦᠷᠢ ᠴᠠᠯᠢᠩ ᠥᠰᠬᠡᠬᠦ ᠳ᠋ᠡᠭᠡᠨ ᠦᠵᠡᠰᠬᠦᠯᠡᠩ ᠦ᠋ᠨ ᠪᠠᠢᠳᠠᠯ ᠢ᠋ ᠨᠠᠮ ᠤ᠋ᠨ ᠳᠤᠭᠤᠢᠯᠠᠩ ᠳ᠋ᠤ᠌ ᠮᠡᠳᠡᠭᠦᠯᠦᠭᠰᠡᠨ ᠪᠣᠯᠪᠠᠴᠤ ᠪᠦᠷ ᠵᠥᠪᠰᠢᠶᠡᠷᠡᠵᠦ ᠢᠷᠡᠭᠰᠡᠨ ᠦᠭᠡᠢ᠃ ᠢᠩᠭᠢᠭᠡᠳ ᠬᠣᠶᠠᠷ ᠤᠳᠠᠭ᠎ᠠ ᠬᠠᠰᠤᠭᠳᠠᠴᠢᠬᠠᠯ᠎ᠠ᠃ 
      《ᠰᠣᠶᠣᠯ ᠤ᠋ᠨ ᠶᠡᠬᠡ ᠬᠤᠪᠢᠰᠬᠠᠯ》 ᠤ᠋ᠨ ᠳᠠᠷᠠᠭ᠎ᠠ ᠨᠢᠭᠡᠳᠦᠭᠡᠷ ᠤᠳᠠᠭ᠎ᠠ ᠠᠵᠢᠯᠲᠠᠨ ᠤ᠋ ᠲᠣᠭ᠎ᠠ ᠨᠣᠷᠮ᠎ᠠ ᠪᠠᠷ ᠴᠠᠯᠢᠩ ᠳᠡᠰ ᠨᠡᠮᠡᠬᠦ ᠳ᠋ᠦ᠍ ᠠᠵᠢᠯᠲᠠᠨ ᠤ᠋ ᠰᠠᠯᠠᠭᠠᠨ ᠠ᠋ᠴᠠ ᠬᠠᠮᠤᠭ ᠤ᠋ᠨ ᠤᠷᠢᠳ ᠢ᠋ᠶ᠋ᠠᠷ ᠲᠡᠭᠦᠨ ᠦ᠌ ᠨᠡᠷ᠎ᠡ ᠶ᠋ᠢ ᠮᠡᠳᠡᠭᠦᠯᠪᠡ᠃  
       ᠬᠠᠷᠠᠮᠰᠠᠯᠲᠠᠢ ᠨᠢ ᠰᠠᠢᠨ ᠵᠠᠶᠠᠭ᠎ᠠ ᠳ᠋ᠤ᠌ ᠰᠠᠢᠨ ᠤᠨᠤᠭ᠎ᠠ ᠦᠭᠡᠢ ᠭᠡᠭᠴᠢ ᠪᠡᠷ ᠡᠨᠡ ᠤᠳᠠᠭᠠᠨ ᠤ᠋ ᠠᠵᠢᠯ ᠤ᠋ᠨ ᠵᠢᠳᠬᠦᠯ ᠢ᠋ᠶ᠋ᠡᠷ ᠭᠣᠣᠯ ᠪᠣᠯᠭᠠᠨᠰᠠᠨ ᠴᠠᠯᠢᠩ ᠨᠡᠮᠡᠬᠦ ᠨᠥᠬᠥᠴᠡᠯ ᠲᠡᠭᠦᠨ ᠳ᠋ᠦ᠍ ᠬᠠᠷᠭᠤᠯᠳᠤᠭᠰᠠᠨ ᠦᠭᠡᠢ᠃  
       ᠲᠤᠬᠠᠢ ᠶ᠋ᠢᠨ ᠦᠶ᠎ᠡ ᠳ᠋ᠦ᠍ ᠦᠵᠡᠰᠬᠦᠯᠡᠩ ᠨᠢᠭᠡ ᠵᠠᠯᠠᠭᠤ ᠡᠮᠡᠭᠲᠡᠢ ᠶ᠋ᠢᠨ ᠬᠡᠪᠡᠯᠢ ᠶ᠋ᠢ ᠪᠠᠢᠴᠠᠭᠠᠭᠠᠳ ᠪᠤᠷᠤᠭᠤ ᠲᠣᠳᠣᠯᠠᠯᠲᠠ ᠬᠢᠭᠰᠡᠨ ᠭᠡᠵᠦ ᠬᠥᠮᠦᠰ ᠦ᠋ᠨ ᠳᠤᠮᠳᠠ ᠶᠡᠬᠡ ᠬᠡᠯᠡᠯᠴᠡᠭᠡᠨ ᠪᠣᠯᠤᠭᠰᠠᠨ ᠶᠤᠮ᠃ 
       ᠦᠵᠡᠰᠬᠦᠯᠡᠩ ᠨᠠᠰᠤ ᠵᠠᠯᠠᠭᠤ ᠮᠡᠳᠡᠯᠭᠡ ᠴᠣᠯᠭᠣᠷᠠᠭᠰᠠᠨ ᠠ᠋ᠴᠠ ᠲᠡᠭᠦᠨ ᠲᠡᠢ ᠠᠲᠠᠭᠠᠷᠬᠠᠵᠤ ᠵᠥᠷᠢᠴᠡᠯᠳᠦᠬᠦ ᠬᠥᠮᠦᠰ ᠨᠡᠩ ᠣᠯᠠᠨ ᠪᠣᠯᠵᠠᠢ᠃ 
       ᠡᠨᠡ ᠤᠳᠠᠭ᠎ᠠ ᠶᠠᠭ ᠯᠠ ᠣᠬᠣᠷ ᠢ᠋ ᠨᠢ ᠪᠠᠷᠢᠬᠤ ᠲᠣᠬᠢᠶᠠᠯ ᠪᠣᠯᠤᠭᠰᠠᠨ ᠰᠢᠭ᠋ ᠲᠡᠭᠦᠨ ᠦ᠌ ᠴᠠᠯᠢᠩ ᠨᠡᠮᠡᠬᠦ ᠠᠰᠠᠭᠤᠳᠠᠯ ᠳᠡᠭᠡᠷ᠎ᠡ ᠣᠯᠠᠨ ᠲᠠᠯ᠎ᠠ ᠶ᠋ᠢᠨ ᠰᠠᠨᠠᠯ ᠳᠤᠷᠠᠳᠤᠯ ᠳᠤᠰᠬᠠᠵᠠᠢ᠃ 
       ᠲᠡᠷᠡ ᠦᠶ᠎ᠡ ᠳ᠋ᠦ᠍ ᠠᠵᠢᠯᠲᠠᠨ ᠤ᠋ ᠠᠵᠢᠯ ᠢ᠋ ᠬᠤᠪᠢᠶᠠᠷᠢᠯᠠᠨ ᠬᠠᠮᠢᠶᠠᠷᠴᠤ ᠪᠠᠢᠭᠰᠠᠨ ᠨᠢᠦ ᠬᠣᠷᠢᠶᠠᠨ ᠳᠠᠷᠤᠭ᠎ᠠ ᠴᠦ᠍ ᠲᠣᠯᠣᠭᠠᠢ ᠰᠡᠭᠰᠦᠷᠦᠨ ᠵᠥᠪᠰᠢᠶᠡᠷᠡᠬᠦ ᠦᠭᠡᠢ ᠰᠠᠨᠠᠭ᠎ᠠ ᠪᠠᠨ ᠢᠯᠡᠳᠬᠡᠭᠰᠡᠨ ᠶᠦᠮ᠃ 
       ᠮᠠᠨ ᠤ᠋ ᠰᠠᠯᠠᠭᠠᠨ ᠠ᠋ᠴᠠ ᠨᠢᠭᠡ ᠬᠥᠮᠦᠨ ᠢ᠋ ᠪᠦᠬᠦ ᠲᠠᠯ᠎ᠠ ᠪᠠᠷ ᠦᠨᠡᠯᠡᠬᠦ ᠵᠠᠷᠴᠢᠮ ᠢ᠋ᠶ᠋ᠠᠷ ᠡᠨᠡ ᠬᠦ᠌ ᠤᠳᠠᠭᠠᠨ ᠵᠢᠯ ᠦ᠋ᠨ ᠮᠡᠷᠭᠡᠵᠢᠯ ᠲᠡᠢ ᠡᠮᠴᠢ ᠳ᠋ᠦ᠍ ᠴᠠᠯᠢᠩ ᠨᠡᠮᠡᠬᠦ ᠪᠡᠷ ᠳᠡᠭᠡᠭᠰᠢ ᠮᠡᠳᠡᠭᠦᠯᠪᠡ᠃  
       ᠭᠡᠲᠡᠯ᠎ᠡ ᠬᠡᠳᠦᠨ ᠡᠳᠦᠷ ᠦ᠋ᠨ ᠳᠠᠷᠠᠭ᠎ᠠ ᠨᠠᠮ ᠤ᠋ᠨ ᠳᠤᠭᠤᠢᠯᠠᠩ ᠠ᠋ᠴᠠ ᠵᠥᠪᠰᠢᠶᠡᠷᠡᠭᠰᠡᠨ ᠦᠭᠡᠢ ᠲᠣᠭᠲᠠᠭᠠᠯ ᠪᠠᠭᠤᠯᠭᠠᠵᠠᠢ᠃ 
       ᠲᠣᠬᠢᠶᠠᠯ ᠮᠠᠭᠤᠳᠠᠪᠠᠯ ᠳᠣᠯᠣᠭᠠᠨ ᠵᠢᠯ ᠭᠡᠭᠴᠢ ᠪᠡᠷ ᠳᠠᠬᠢᠭᠠᠳ ᠳᠡᠰ ᠨᠡᠮᠡᠬᠦ ᠪᠣᠯᠬᠤ ᠳ᠋ᠤ᠌ ᠦᠵᠡᠰᠬᠦᠯᠡᠩ ᠪᠠᠰᠠ ᠨᠢᠭᠡ ᠰᠠᠨᠠᠮᠰᠠᠷ ᠦᠭᠡᠢ ᠠᠵᠢᠯ ᠤ᠋ᠨ ᠡᠨᠳᠡᠯ ᠭᠠᠷᠭᠠᠴᠢᠬᠠᠪᠠ᠃  ᠤᠤᠯ ᠨᠢ ᠮᠠᠨ ᠤ᠋ ᠬᠣᠷᠢᠶᠠᠨ ᠤ᠋ ᠨᠢᠭᠡ ᠠᠵᠢᠯᠲᠠᠨ᠂ ᠦᠵᠡᠰᠬᠦᠯᠡᠩ ᠦ᠋ᠨ ᠰᠠᠢᠨ ᠨᠠᠢᠵᠠ ᠸᠠᠩ ᠯᠠᠨ ᠬᠤᠸᠠ ᠶᠢᠨ ᠬᠡᠦᠬᠡᠳ ᠨᠢ ᠰᠤᠷᠭᠠᠭᠤᠯᠢ ᠳᠤ ᠪᠠᠨ ᠭᠤᠯᠭᠤᠭᠤᠷ ᠨᠠᠭᠠᠳᠴᠤ ᠪᠠᠢᠭᠠᠳ ᠭᠠᠷ ᠠᠯᠲᠠᠨ ᠤᠨᠠᠵᠤ ᠬᠥᠯ ᠢ᠋ᠶ᠋ᠡᠨ ᠬᠤᠭᠤᠯᠪᠠ᠃  ᠬᠣᠵᠢᠮ ᠨᠢ ᠵᠠᠯᠭᠠᠭᠳᠠᠭᠰᠠᠨ ᠬᠡᠯᠪᠡᠷᠢ ᠶ᠋ᠢ ᠨᠢ ᠦᠵᠡᠬᠦ ᠪᠡᠷ ᠦᠵᠡᠰᠬᠦᠯᠡᠩ ᠢ᠋ᠶ᠋ᠡᠷ X ᠰᠠᠴᠤᠷᠠᠭ ᠤ᠋ᠨ ᠪᠠᠢᠴᠠᠭᠠᠯᠲᠠ ᠬᠢᠯᠭᠡᠵᠡᠢ᠃ ᠴᠣᠬᠣᠮ ᠶᠠᠭᠠᠬᠢᠭᠰᠠᠨ ᠢ᠋ ᠪᠤᠤ ᠮᠡᠳᠡ᠃ ᠲᠡᠷᠡ ᠰᠠᠨᠠᠮᠰᠠᠷ ᠦᠭᠡᠢ ᠮᠠᠰᠢᠨ ᠢ᠋ᠶ᠋ᠠᠨ ᠤᠨᠠᠭᠠᠭᠠᠳ ᠡᠪᠳᠡᠯᠴᠢᠬᠡᠵᠡᠢ᠃  
       ᠢᠩᠭᠢᠭᠡᠳ ᠡᠨᠡ ᠤᠳᠠᠭᠠᠨ ᠤ᠋ ᠴᠠᠯᠢᠩ ᠨᠡᠮᠡᠯᠲᠡ ᠡᠴᠡ ᠬᠠᠰᠤᠭᠳᠠᠭᠰᠠᠨ ᠮᠥᠷᠲᠡᠭᠡᠨ ᠰᠢᠢᠳᠬᠡᠯ ᠣᠯᠵᠤ ᠮᠢᠩᠭ᠎ᠠ ᠲᠠᠪᠤᠨ ᠵᠠᠭᠤᠨ ᠵᠣᠭᠣᠰ ᠢ᠋ᠶ᠋ᠠᠷ ᠲᠣᠷᠭᠠᠭᠳᠠᠵᠠᠢ᠃  
       ᠬᠣᠷᠢᠶᠠᠨ ᠤ᠋ ᠨᠠᠮ ᠤ᠋ᠨ ᠳᠤᠭᠤᠢᠯᠠᠩ ᠠ᠋ᠴᠠ ᠥᠭᠭᠦᠭᠰᠡᠨ ᠡᠨᠡ ᠬᠦ᠌ ᠰᠢᠢᠳᠬᠡᠯ ᠨᠢ ᠮᠠᠨ ᠤ᠋ ᠠᠵᠢᠯᠲᠠᠨ ᠤ᠋ ᠰᠠᠯᠠᠭᠠᠨ ᠠ᠋ᠴᠠ ᠲᠣᠭᠲᠠᠭᠠᠭᠰᠠᠨ ᠣᠯᠠᠨ ᠤ᠋ ᠬᠤᠷᠠᠯ ᠳᠡᠭᠡᠷ᠎ᠡ ᠪᠠᠢᠴᠠᠭᠠᠯᠲᠠ ᠬᠢᠯᠭᠡᠬᠦ ᠰᠢᠢᠳᠬᠡᠯ ᠡᠴᠡ ᠬᠣᠯᠠ ᠬᠦᠨᠳᠦᠳᠡᠪᠡ᠃  ᠬᠣᠷᠢᠶᠠᠨ ᠤ᠋ ᠠᠵᠢᠯᠲᠠᠨ ᠠᠵᠢᠯᠴᠢᠨ ᠤ᠋ ᠳᠣᠲᠣᠷ᠎ᠠ ᠡᠮᠦᠨ᠎ᠡ ᠬᠣᠢᠨ᠎ᠠ ᠡᠢᠮᠦ ᠲᠡᠢᠮᠦ ᠠᠵᠤ ᠠᠬᠤᠢ ᠶ᠋ᠢᠨ ᠰᠦᠢᠳᠦᠯ ᠭᠠᠷᠭᠠᠭᠰᠠᠨ ᠬᠥᠮᠦᠨ ᠨᠢᠭᠡ ᠪᠠᠰᠢ ᠪᠠᠢᠬᠤ ᠯᠠ ᠳᠠ᠃  ᠶᠡᠷᠦ ᠡᠴᠡ ᠪᠡᠨ ᠡᠢᠮᠦ ᠴᠢᠩᠭ᠎ᠠ ᠰᠢᠢᠳᠬᠡᠯ ᠣᠯᠭᠣᠭᠰᠠᠨ ᠤᠳᠠᠭ᠎ᠠ ᠦᠭᠡᠢ᠃ 
       ᠲᠡᠷᠡᠴᠢᠯᠡᠨ ᠮᠢᠩᠭ᠎ᠠ ᠲᠠᠪᠤᠨ ᠵᠠᠭᠤᠨ ᠲᠥᠭᠥᠷᠢᠭ ᠢ᠋ᠶ᠋ᠡᠷ ᠲᠣᠷᠭᠠᠭᠰᠠᠨ ᠨᠢ ᠴᠠᠯᠢᠩ ᠬᠥᠯᠥᠰᠥ ᠪᠡᠨ ᠨᠡᠮᠡᠵᠦ ᠵᠠᠪᠳᠤᠭᠰᠠᠨ ᠦᠭᠡᠢ ᠦᠵᠡᠰᠬᠦᠯᠡᠩ ᠳ᠋ᠦ᠍ ᠠᠪᠴᠤ ᠬᠡᠯᠡᠪᠡᠯ ᠬᠡᠳᠦᠨ ᠵᠢᠯ ᠰᠢᠩᠭᠡᠨ ᠢᠳᠡᠵᠦ ᠨᠢᠮᠭᠡᠨ ᠡᠮᠦᠰᠪᠡᠯ ᠰᠠᠶᠢ ᠡᠨᠡ ᠬᠦ᠌ ᠠᠵᠤ ᠠᠬᠤᠢ ᠶ᠋ᠢᠨ ᠳᠠᠷᠤᠭᠠᠰᠤ ᠠ᠋ᠴᠠ ᠮᠤᠯᠲᠤᠷᠠᠵᠤ ᠴᠢᠳᠠᠨ᠎ᠠ ᠭᠡᠰᠡᠨ ᠦᠭᠡ᠃ 
       ᠮᠠᠰᠢ ᠣᠯᠠᠨ ᠬᠥᠮᠦᠨ ᠭᠠᠭᠴᠠ ᠦᠵᠡᠰᠬᠦᠯᠡᠩ ᠢ᠋ ᠢᠩᠭᠢᠵᠦ ᠢᠯᠳᠠᠷ ᠦᠭᠡᠢ ᠬᠦᠨᠳᠦ ᠪᠡᠷ ᠰᠢᠢᠳᠬᠡᠬᠦ ᠳ᠋ᠦ᠍ ᠰᠠᠨᠠᠯ ᠲᠠᠢ ᠪᠠᠢᠭᠰᠠᠨ᠃ 
       ᠭᠡᠲᠡᠯ᠎ᠡ ᠨᠢᠦ ᠬᠣᠷᠢᠶᠠᠨ ᠳᠠᠷᠤᠭ᠎ᠠ ᠠ᠋ᠴᠠ ᠣᠳᠣ ᠪᠣᠯ ᠥᠩᠭᠡᠷᠡᠭᠰᠡᠨ ᠲᠡᠢ ᠠᠳᠠᠯᠢ ᠦᠭᠡᠢ ᠪᠦᠬᠦ ᠲᠠᠯ᠎ᠠ ᠪᠠᠷ ᠰᠠᠮᠠᠭᠤᠷᠠᠯ ᠢ᠋ ᠵᠦᠭᠰᠢᠷᠡᠭᠦᠯᠵᠦ ᠪᠠᠢᠬᠤ ᠴᠠᠭ ᠦᠶ᠎ᠡ ᠲᠤᠯᠠ ᠬᠣᠵᠢᠮ ᠡᠭᠦᠨ ᠢ᠋ᠶ᠋ᠡᠷ ᠦᠯᠢᠭᠡᠷ ᠬᠡᠪ ᠪᠣᠯᠭᠠᠨ ᠨᠢᠭᠡ ᠵᠦᠢᠯ ᠦ᠋ᠨ ᠵᠤᠷᠰᠢᠯ ᠪᠠ ᠳᠦᠷᠢᠮ ᠲᠣᠭᠲᠠᠭᠠᠯ ᠪᠣᠯᠭᠠᠪᠠᠯ ᠵᠣᠬᠢᠨ᠎ᠠ ᠭᠡᠵᠦ ᠰᠠᠨᠠᠯ ᠢ᠋ᠶ᠋ᠠᠨ ᠳᠤᠷᠠᠳᠴᠠᠢ᠃ 
       ᠣᠯᠠᠨ ᠤ᠋ ᠰᠠᠨᠠᠯ ᠶᠡᠷᠦ ᠨᠠᠮᠵᠢᠷᠠᠬᠤ ᠦᠭᠡᠢ ᠳ᠋ᠦ᠍᠂ ᠪᠢᠳᠡ ᠨᠢᠭᠡ ᠲᠣᠬᠢᠶᠠᠯ ᠲᠠᠭᠠᠷᠠᠭᠤᠯᠤᠨ ᠨᠢᠦ ᠬᠣᠷᠢᠶᠠᠨ ᠳᠠᠷᠤᠭ᠎ᠠ ᠲᠠᠢ ᠲᠤᠰᠠᠭᠠᠷ ᠶᠠᠷᠢᠯᠴᠠᠭ᠎ᠠ ᠬᠢᠭᠰᠡᠨ ᠪᠢᠯᠡ᠃  ᠪᠢᠳᠡᠨ ᠦ᠌ ᠰᠠᠨᠠᠯ ᠪᠣᠯ ᠦᠵᠡᠰᠬᠦᠯᠡᠩ ᠳ᠋ᠦ᠍ ᠰᠢᠢᠳᠬᠡᠯ ᠣᠯᠭᠣᠬᠤ ᠨᠢ ᠶᠠᠷᠢᠶᠠᠨ ᠦᠭᠡᠢ ᠵᠥᠪ᠃ ᠠᠵᠤ ᠠᠬᠤᠢ ᠶ᠋ᠢᠨ ᠲᠥᠯᠥᠪᠦᠷᠢ ᠨᠢ ᠥᠩᠭᠡᠷᠡᠦ ᠬᠦᠨᠳᠦ ᠪᠣᠯᠤᠭᠰᠠᠨ ᠪᠠᠢᠨ᠎ᠠ᠃ ᠪᠣᠳᠠᠲᠤ ᠣᠷᠣᠯᠭ᠎ᠠ ᠢᠷᠡᠯᠲᠡ ᠶ᠋ᠢ ᠨᠢ ᠦᠨᠳᠦᠰᠦᠯᠡᠪᠡᠯ ᠬᠣᠶᠠᠷ ᠵᠢᠯ ᠦ᠋ᠨ ᠬᠤᠭᠤᠴᠠᠭᠠᠨ ᠳ᠋ᠤ᠌ ᠲᠡᠢᠮᠦ ᠶᠡᠬᠡ ᠲᠥᠯᠥᠪᠦᠷᠢ ᠬᠢᠯᠭᠡᠬᠦ ᠨᠢ ᠮᠠᠰᠢ ᠬᠦᠴᠢᠷᠲᠡᠢ ᠶᠦᠮ᠃ ᠨᠠᠭᠠᠳᠤ ᠵᠠᠬ᠎ᠠ ᠳᠤ ᠪᠠᠨ ᠬᠥᠮᠦᠨ ᠳ᠋ᠦ᠍ ᠪᠤᠳᠠᠭ᠎ᠠ ᠢᠳᠡᠭᠦᠯᠬᠦ ᠶ᠋ᠢ ᠨᠢ ᠪᠣᠳᠣᠯᠬᠢᠯᠠᠬᠤ ᠴᠢᠬᠤᠯᠠ ᠲᠠᠢ ᠪᠢᠰᠢ ᠤᠤ? ᠨᠠᠮ ᠤ᠋ᠨ ᠳᠤᠭᠤᠢᠯᠠᠩ ᠢ᠋ ᠲᠠᠬᠢᠵᠤ ᠶᠠᠷᠢᠯᠴᠠᠬᠤ ᠪᠣᠯᠪᠠ ᠤᠤ ᠭᠡᠵᠦ ᠪᠢᠳᠡ ᠰᠠᠨᠠᠯ ᠢ᠋ᠶ᠋ᠠᠨ ᠳᠤᠰᠬᠠᠵᠠᠢ᠃  
       ᠨᠢᠦ ᠳᠠᠷᠤᠭ᠎ᠠ ᠳᠣᠣᠷ᠎ᠠ ᠨᠢ ᠬᠠᠷᠢᠭᠤᠯᠲᠠ ᠥᠭᠭᠦᠭᠰᠡᠨ ᠦᠭᠡᠢ ᠦᠷᠦ ᠡᠪᠡᠳᠬᠦ ᠣᠪᠣᠷ ᠲᠠᠢ ᠪᠠᠢᠪᠠ᠃  
       ᠭᠡᠲᠡᠯ᠎ᠡ ᠬᠡᠳᠦᠨ ᠡᠳᠦᠷ ᠶᠠᠮᠠᠷ ᠴᠦ᠍ ᠴᠢᠮᠡᠭᠡ ᠦᠭᠡᠢ ᠪᠣᠯᠤᠭᠰᠠᠨ ᠳ᠋ᠤ᠌ ᠣᠴᠢᠭᠠᠳ ᠯᠠᠪᠯᠠᠬᠤ ᠳ᠋ᠤ᠌ ᠡᠨᠡ ᠡᠪᠦᠭᠡᠨ ᠦ᠌ ᠣᠪᠣᠷ ᠶᠡᠬᠡ ᠬᠤᠪᠢᠷᠠᠭᠰᠠᠨ ᠪᠠᠢᠯ᠎ᠠ᠃ ᠰᠢᠢᠳᠬᠡᠯ ᠣᠯᠬᠤ ᠶ᠋ᠢ ᠬᠦᠰᠡᠬᠦ ᠬᠥᠮᠦᠨ ᠬᠠᠮᠢᠭ᠎ᠠ ᠪᠠᠢᠬᠤ ᠪᠣᠢ? ᠭᠡᠪᠡᠴᠦ ᠵᠠᠷᠴᠢᠮ ᠶᠣᠰᠣ ᠪᠠᠷ ᠠᠵᠢᠯ ᠬᠢᠪᠡᠯ ᠵᠠᠪᠠᠯ ᠰᠢᠢᠳᠬᠡᠯ ᠢ᠋ ᠨᠢ ᠨᠢᠭᠲᠠᠯᠠᠨ ᠵᠣᠭᠣᠰ ᠢ᠋ᠶ᠋ᠠᠷ ᠲᠣᠷᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ᠃  
       ᠲᠡᠷᠡ ᠰᠢᠢᠳᠬᠡᠯ ᠣᠯᠤᠭᠰᠠᠨ ᠪᠢᠴᠢᠭ ᠢ᠋ᠶ᠋ᠡᠨ ᠠᠪᠬᠤ ᠳ᠋ᠤ᠌ ᠭᠠᠷ ᠨᠢ ᠪᠠᠬᠠᠨ ᠴᠡᠴᠡᠷᠬᠢᠯᠡᠨ ᠳᠣᠣᠷᠠᠲᠤ ᠤᠷᠤᠭᠤᠯ ᠢ᠋ᠶ᠋ᠠᠨ ᠴᠢᠩᠭᠠᠬᠠᠨ ᠵᠠᠭᠤᠵᠤ ᠪᠠᠢᠬᠤ ᠠ᠋ᠴᠠ ᠦᠵᠡᠬᠦ ᠳ᠋ᠦ᠍ ᠳᠣᠲᠣᠭᠠᠳᠤ ᠰᠡᠳᠬᠢᠯᠭᠡ ᠶ᠋ᠢᠨ ᠳᠣᠭᠳᠣᠯᠤᠯ ᠢ᠋ᠶ᠋ᠠᠨ ᠬᠦᠴᠦ ᠮᠡᠳᠡᠨ ᠳᠠᠷᠤᠵᠤ ᠪᠠᠢᠭᠰᠠᠨ ᠪᠣᠯᠤᠯᠲᠠᠢ᠃ ᠲᠡᠭᠡᠭᠡᠳ ᠰᠢᠢᠳᠬᠡᠯ ᠦ᠋ᠨ ᠪᠢᠴᠢᠭ ᠢ᠋ᠶ᠋ᠡᠨ ᠪᠠᠵᠠᠭᠳᠠᠨ ᠬᠠᠯᠲᠤ ᠮᠥᠯᠲᠥ ᠦᠵᠡᠩᠭᠦᠲᠡ ᠳᠣᠣᠷ᠎ᠠ ᠨᠢ ᠭᠠᠷ ᠤ᠋ᠨ ᠦᠰᠦᠭ ᠵᠢᠷᠤᠪᠠ᠃ ᠥᠭᠡᠷ᠎ᠡ ᠶᠠᠮᠠᠷ ᠴᠦ᠍ ᠰᠠᠨᠠᠯ ᠱᠠᠭᠠᠷᠳᠠᠯᠭ᠎ᠠ ᠳᠤᠷᠠᠳᠤᠭᠰᠠᠨ ᠦᠭᠡᠢ᠃  
       ᠬᠣᠶᠠᠷ ᠡᠳᠦᠷ ᠦ᠋ᠨ ᠳᠠᠷᠠᠭ᠎ᠠ ᠲᠡᠷᠡ ᠪᠡᠯᠡᠨ ᠮᠢᠩᠭᠠᠨ ᠲᠥᠭᠥᠷᠢᠭ ᠠᠪᠴᠢᠷᠠᠵᠤ ᠲᠤᠰᠢᠶᠠᠭᠠᠳ ᠰᠠᠷ᠎ᠠ ᠪᠦᠷᠢ ᠶ᠋ᠢᠨ ᠴᠠᠯᠢᠩ ᠠ᠋ᠴᠠ ᠪᠠᠨ ᠠᠷᠪᠠᠨ ᠲᠠᠪᠤᠨ ᠲᠥᠭᠥᠷᠢᠭ ᠠᠪᠴᠤ ᠠᠮᠢᠳᠤᠷᠠᠯ ᠤ᠋ᠨ ᠰᠦᠢᠳᠬᠡᠯ ᠪᠣᠯᠭᠠᠬᠤ ᠠ᠋ᠴᠠ ᠭᠠᠳᠠᠨ᠎ᠠ ᠪᠤᠰᠤᠳ ᠢ᠋ ᠨᠢ ᠪᠦᠷ ᠲᠥᠯᠥᠪᠦᠷᠢ ᠳ᠋ᠦ᠍ ᠪᠣᠳᠣᠵᠤ ᠬᠠᠰᠤᠭᠤᠯᠤᠨ᠎ᠠ ᠭᠡᠵᠡᠢ᠃  
       ᠪᠢᠳᠡ ᠴᠢᠬᠢ ᠪᠡᠨ ᠢᠲᠡᠭᠡᠵᠦ ᠶᠠᠳᠠᠮᠠᠷ ᠪᠠᠢᠯ᠎ᠠ᠃ 
       ᠠᠷᠪᠠᠨ ᠲᠠᠪᠤᠬᠠᠨ ᠲᠥᠭᠥᠷᠢᠭ ᠢ᠋ᠶ᠋ᠡᠷ ᠦᠨ᠎ᠡ ᠬᠠᠩᠰᠢ ᠮᠠᠰᠢ ᠲᠦᠷᠭᠡᠨ ᠥᠰᠴᠦ ᠪᠠᠢᠭ᠎ᠠ ᠣᠳᠣ ᠴᠠᠭ ᠲᠤ᠌ ᠶᠠᠭᠠᠬᠢᠵᠤ ᠨᠢᠭᠡ ᠰᠠᠷ᠎ᠠ ᠶ᠋ᠢ ᠥᠩᠭᠡᠷᠡᠭᠡᠨ᠎ᠡ ᠪᠢᠯᠡ᠃ ᠲᠡᠷᠡᠴᠢᠯᠡᠨ ᠲᠡᠷᠡ ᠡᠷ᠎ᠡ ᠲᠡᠢ ᠪᠡᠨ ᠴᠦ᠍ ᠬᠠᠢᠷ᠎ᠠ ᠰᠡᠳᠬᠢᠯᠭᠡ ᠪᠡᠷ ᠪᠠᠷᠤᠭᠲᠠᠢᠬᠠᠨ ᠶᠤᠮ ᠴᠢᠨᠢ ᠲᠡᠭᠦᠨ ᠳ᠋ᠦ᠍ ᠬᠠᠮ ᠳᠠᠮ ᠭᠡᠬᠦ ᠨᠢ ᠴᠦ᠍ ᠠᠨᠠᠢᠬᠠᠨ ᠯᠠ ᠪᠠᠢᠬ᠎ᠠ᠃ ᠨᠡᠭᠡᠷᠡᠨ ᠦᠷᠦ ᠡᠪᠡᠳᠦᠮᠡᠷ ᠠ᠋᠂ ᠭᠡᠪᠡᠴᠦ ᠲᠡᠷᠡ ᠡᠢᠮᠦ ᠪᠠᠲᠤᠯᠠᠪᠤᠷᠢ ᠪᠢᠴᠢᠨ ᠵᠣᠷᠢᠯᠲᠠ ᠪᠠᠨ ᠡᠷᠡᠰ ᠪᠠᠷᠢᠮᠲᠠᠯᠠᠵᠤ ᠪᠠᠢᠯ᠎ᠠ᠃ ᠲᠡᠭᠦᠨ ᠦ᠌ ᠢᠩᠭᠢᠵᠦ ᠬᠢᠬᠦ ᠨᠢ ᠦᠨᠡᠨ ᠳ᠋ᠡᠭᠡᠨ ᠴᠦ᠍ ᠵᠣᠬᠢᠰᠲᠠᠢ ᠶᠠᠪᠤᠳᠠᠯ ᠶᠤᠮ᠃ ᠦᠭᠡᠢ ᠪᠣᠯ ᠰᠢᠢᠳᠬᠡᠯ ᠦ᠋ᠨ ᠬᠤᠭᠤᠴᠠᠭᠠᠨ ᠳᠤ ᠪᠠᠨ ᠲᠣᠷᠭᠠᠭᠤᠯᠢ ᠶ᠋ᠢᠨ ᠵᠣᠭᠣᠰ ᠢ᠋ᠶ᠋ᠠᠨ ᠲᠥᠯᠥᠵᠦ ᠪᠠᠷᠠᠬᠤ ᠦᠭᠡᠢ ᠪᠣᠯᠤᠨ᠎ᠠ᠃ 
       ᠰᠢᠢᠳᠬᠡᠯ ᠦ᠋ᠨ ᠲᠣᠭᠲᠠᠭᠠᠯ ᠠᠷᠠᠢ ᠴᠢᠷᠠᠢ ᠬᠡᠷᠡᠭᠵᠢᠭᠦᠯᠦᠭᠳᠡᠪᠡ᠃  
       ᠦᠵᠡᠰᠬᠦᠯᠡᠩ ᠲᠣᠯᠣᠭᠠᠢ ᠪᠥᠬᠦᠢᠨ ᠠᠵᠢᠯᠯᠠᠭᠰᠠᠭᠠᠷ ᠪᠠᠢᠪᠠ᠃ ᠭᠡᠲᠡᠯ᠎ᠡ ᠮᠠᠰᠢ ᠠᠷᠪᠢᠨ ᠡᠮᠴᠢ ᠠᠵᠢᠯᠲᠠᠳ ᠡᠨᠡ ᠬᠦ᠌ ᠰᠢᠢᠳᠬᠡᠯ ᠢ᠋ ᠵᠥᠪᠰᠢᠶᠡᠷᠡᠬᠦ ᠦᠭᠡᠢ᠂ ᠦᠷᠭᠦᠯᠵᠢᠯᠡᠨ ᠰᠠᠨᠠᠯ ᠳᠡᠪᠰᠢᠭᠦᠯᠦᠭᠰᠡᠭᠡᠷ ᠪᠠᠢᠯ᠎ᠠ᠃  
       ᠢᠯᠠᠩᠭᠤᠶ᠎ᠠ ᠲᠡᠷᠡ ᠸᠠᠩ ᠯᠠᠨ ᠬᠤᠸᠠ ᠮᠠᠨ ᠤ᠋ ᠠᠵᠢᠯᠲᠠᠨ ᠤ᠋ ᠰᠠᠯᠠᠭᠠᠨ ᠳ᠋ᠤ᠌ ᠢᠷᠡᠭᠡᠳ ᠦᠵᠡᠰᠬᠦᠯᠡᠩ ᠦ᠋ᠨ ᠲᠤᠬᠠᠢ ᠭᠡᠷᠡᠯᠲᠦᠨ ᠮᠠᠷᠭᠤᠯᠳᠤᠵᠤ ᠥᠩᠭᠡᠷᠡᠵᠡᠢ᠃  
       ᠲᠡᠭᠦᠨ ᠦ᠌ ᠬᠢᠲᠤᠭᠠᠨ ᠢᠷ ᠰᠢᠭ ᠬᠤᠷᠴᠠ ᠬᠡᠯᠡ ᠡᠴᠡ ᠭᠠᠷᠴᠤ ᠪᠠᠢᠭ᠎ᠠ ᠦᠭᠡ ᠪᠦᠷᠢ ᠶ᠋ᠢ ᠨᠢ ᠨᠢᠴᠤᠭᠠᠬᠤ ᠳ᠋ᠤ᠌ ᠪᠡᠷᠬᠡ ᠰᠠᠨᠠᠭᠳᠠᠬᠤ ᠶᠤᠮ᠃ ᠲᠡᠷᠡ ᠮᠠᠨ ᠤ᠋ ᠡᠮᠨᠡᠯᠭᠡ ᠶ᠋ᠢᠨ ᠬᠣᠷᠢᠶᠠᠨ ᠳ᠋ᠤ᠌ ᠶᠠᠮᠠᠷ ᠴᠦ᠍ ᠮᠡᠷᠭᠡᠵᠢᠯ ᠣᠨᠴᠠᠯᠢᠭ ᠦᠭᠡᠢ ᠰᠤᠪᠢᠯᠠᠭᠴᠢ᠂ ᠴᠡᠪᠡᠷᠯᠡᠭᠴᠢ᠂ ᠡᠭᠦᠳᠡ ᠮᠠᠨᠠᠭᠴᠢ ᠬᠦᠷᠲᠡᠯ᠎ᠡ ᠤᠳᠠᠭ᠎ᠠ ᠪᠦᠷᠢ ᠴᠠᠯᠢᠩ ᠳᠡᠰ ᠨᠡᠮᠡᠬᠦ ᠳ᠋ᠦ᠍ ᠨᠢᠭᠡ ᠴᠦ᠍ ᠣᠰᠣᠯᠳᠠᠭᠰᠠᠨ ᠦᠭᠡᠢ᠃ ᠭᠡᠲᠡᠯ᠎ᠡ ᠶᠡᠬᠡ ᠰᠤᠷᠭᠠᠭᠤᠯᠢ ᠲᠡᠭᠦᠰᠦᠭᠰᠡᠨ ᠦᠵᠡᠰᠬᠦᠯᠡᠩ ᠲᠤᠬᠠᠢᠯᠠᠭᠰᠠᠨ ᠠᠵᠢᠯ ᠳᠤ ᠪᠠᠨ ᠥᠨᠳᠥᠷ ᠮᠡᠷᠭᠡᠰᠢᠭᠰᠡᠨ ᠮᠥᠷᠲᠡᠭᠡᠨ ᠬᠣᠷᠢᠨ ᠵᠢᠯ ᠡᠳᠦᠷ ᠰᠥᠨᠢ ᠦᠭᠡᠢ ᠴᠢᠷᠮᠠᠢᠵᠤ ᠠᠵᠢᠯᠯᠠᠭᠠᠳ ᠨᠢᠭᠡ ᠳᠡᠰ ᠴᠦ᠍ ᠰᠢᠯᠵᠢᠬᠦ ᠦᠭᠡᠢ ᠶᠣᠰᠣ ᠪᠠᠢᠨ᠎ᠠ ᠤᠤ?  ᠪᠦᠬᠦ ᠬᠣᠷᠢᠶᠠᠨ ᠤ᠋ ᠬᠡᠳᠦᠨ ᠮᠢᠩᠭᠠᠨ ᠠᠵᠢᠯᠲᠠᠨ ᠤ᠋ ᠳᠣᠲᠣᠷ᠎ᠠ ᠠ᠋ᠴᠠ ᠭᠠᠭᠴᠠ ᠬᠥᠮᠦᠨ ᠢ᠋ ᠢᠩᠭᠢᠵᠦ ᠢᠯᠭᠠᠵᠤ ᠣᠷᠬᠢᠬᠤ ᠨᠢ ᠶᠠᠮᠠᠷ ᠤᠬᠠᠭᠠᠨ ᠲᠠᠢ ᠪᠣᠢ? 
       ᠮᠠᠨ ᠤ᠋ ᠪᠠᠢᠭᠤᠯᠭ᠎ᠠ ᠶ᠋ᠢᠨ ᠵᠢᠯᠣᠭᠣᠴᠢ ᠠᠷᠢᠬᠢᠨ ᠰᠣᠭᠲᠣᠭᠤ ᠪᠠᠷ ᠲᠡᠷᠭᠡ ᠪᠡᠨ ᠵᠢᠯᠣᠭᠣᠳᠴᠤ ᠬᠥᠷᠪᠡᠭᠦᠯᠦᠭᠡᠳ ᠬᠡᠳᠦᠨ ᠬᠥᠮᠦᠨ ᠦ᠌ ᠠᠮᠢᠨ ᠬᠡᠷᠡᠭ ᠭᠠᠷᠭᠠᠭᠰᠠᠨ ᠪᠠᠢᠬᠤ ᠳ᠋ᠤ᠌᠂ ᠨᠢᠭᠡ ᠤᠳᠠᠭᠠᠨ ᠤ᠋ ᠰᠢᠭᠦᠮᠵᠢᠯᠡᠯ ᠪᠠᠢᠴᠠᠭᠠᠯᠲᠠ ᠴᠦ᠍ ᠬᠢᠯᠭᠡᠭᠰᠡᠨ ᠦᠭᠡᠢ ᠮᠥᠷᠲᠡᠭᠡᠨ ᠥᠴᠦᠬᠡᠨ ᠴᠦ᠍ ᠠᠵᠤ ᠠᠬᠤᠢ ᠶ᠋ᠢᠨ ᠲᠥᠯᠥᠪᠦᠷᠢ ᠭᠠᠷᠭᠠᠭᠤᠯᠤᠭᠰᠠᠨ ᠦᠭᠡᠢ᠂ ᠡᠷᠭᠢᠭᠡᠳ ᠬᠠᠷᠢᠨ ᠬᠣᠷᠢᠶᠠᠨ ᠠ᠋ᠴᠠ ᠲᠡᠭᠦᠨ ᠦ᠌ ᠲᠡᠷᠭᠡᠨ ᠳ᠋ᠦ᠍ ᠦᠬᠦᠭᠰᠡᠳ ᠲᠦ᠍ ᠬᠡᠳᠦ ᠬᠡᠳᠦᠨ ᠲᠦᠮᠡ ᠪᠡᠷ ᠨᠥᠬᠥᠪᠥᠷᠢ ᠥᠭᠭᠦᠨ᠎ᠡ ᠭᠡᠨ᠎ᠡ᠃ ᠵᠢᠯᠣᠭᠣᠴᠢ ᠳ᠋ᠤᠨᠢ ᠳᠠᠬᠢᠭᠠᠳ ᠰᠢᠨ᠎ᠡ ᠲᠡᠷᠭᠡ ᠠᠪᠴᠤ ᠵᠢᠯᠣᠭᠣᠳᠤᠭᠤᠯᠬᠤ ᠨᠢ ᠶᠠᠮᠠᠷ ᠶᠣᠰᠣ ᠪᠣᠢ?  ᠭᠠᠭᠴᠠ ᠦᠵᠡᠰᠬᠦᠯᠡᠩ ᠠᠵᠢᠯ ᠤ᠋ᠨ ᠳᠤᠮᠳᠠ ᠪᠠᠨ ᠨᠢᠭᠡ ᠤᠳᠠᠭ᠎ᠠ ᠰᠠᠨᠠᠮᠰᠠᠷ ᠦᠭᠡᠢ ᠡᠨᠳᠡᠯ ᠭᠠᠷᠭᠠᠭᠰᠠᠨ ᠳ᠋ᠤ᠌ ᠴᠠᠯᠢᠩ ᠨᠡᠮᠡᠬᠦ ᠦᠭᠡᠢ ᠮᠥᠷᠲᠡᠭᠡᠨ ᠪᠠᠰᠠ ᠬᠦᠨᠳᠦ ᠰᠢᠢᠳᠬᠡᠯ ᠣᠯᠭᠣᠨ᠎ᠠ᠃ ᠪᠠᠰᠠ ᠣᠬᠣᠷᠬᠠᠨ ᠬᠤᠭᠤᠴᠠᠭ᠎ᠠ ᠲᠣᠭᠲᠠᠭᠠᠨ ᠲᠥᠯᠥᠭᠦᠯᠦᠨ᠎ᠡ ᠭᠡᠳᠡᠭ ᠨᠢ ᠶᠠᠮᠠᠷ ᠶᠣᠰᠣ ᠪᠣᠢ? ᠲᠠᠨᠤᠰ ᠡᠳᠦᠢᠬᠡᠨ ᠶᠠᠪᠤᠳᠠᠯ ᠢ᠋ ᠶᠠᠭᠠᠬᠢᠵᠤ ᠨᠢᠭᠡ ᠬᠡᠷᠡᠭ ᠳᠡᠭᠡᠷ᠎ᠡ ᠳᠠᠪᠬᠤᠷᠯᠠᠵᠤ ᠴᠢᠳᠠᠭᠰᠠᠨ ᠪᠣᠢ? ᠦᠵᠡᠰᠬᠦᠯᠡᠩ ᠲᠠᠨᠤᠰ ᠤ᠋ᠨ ᠳᠡᠭᠡᠳᠦᠰ ᠦ᠋ᠨ ᠣᠩᠭᠣᠨ ᠢ᠋ ᠠᠭᠤᠳᠠᠯᠵᠤ ᠬᠡᠭᠦᠷ ᠳᠡᠭᠡᠷ᠎ᠡ ᠨᠢ ᠰᠢᠭᠡᠭᠰᠡᠨ ᠥᠰᠢᠶᠡᠲᠡᠨ ᠯᠡ ᠪᠢᠰᠢ ᠪᠢᠵᠡ? ᠤᠳᠠᠭᠠᠨ ᠵᠢᠯ ᠦ᠋ᠨ ᠲᠤᠷᠰᠢ ᠲᠠᠨᠤᠰ ᠬᠥᠮᠦᠨ ᠢ᠋ ᠴᠣᠬᠢᠵᠤ ᠰᠢᠢᠳᠬᠡᠵᠦ ᠶᠣᠰᠣᠲᠠᠢ ᠰᠤᠷᠴᠠᠢ ᠳᠠ᠃ 
       ᠡᠭᠦᠨ ᠢ᠋ ᠵᠣᠬᠢᠶᠠᠨ ᠪᠠᠢᠭᠤᠯᠤᠯᠲᠠ ᠶ᠋ᠢᠨ ᠰᠠᠬᠢᠯᠭ᠎ᠠ ᠪᠠᠲᠤ ᠪᠠᠷ ᠰᠢᠢᠳᠬᠡᠯ᠎ᠡ ᠭᠡᠬᠦ ᠶ᠋ᠢᠨ ᠣᠷᠣᠨ ᠳ᠋ᠤ᠌ ᠡᠷᠬᠡ ᠰᠦᠷ ᠢ᠋ᠶ᠋ᠡᠷ ᠢ᠋ᠶ᠋ᠡᠨ ᠳᠠᠷᠤᠯᠠᠨ ᠳᠣᠷᠣᠮᠵᠢᠯᠠᠵᠤ ᠪᠠᠢᠨ᠎ᠠ ᠭᠡᠮᠡᠷ᠃ ᠲᠠᠨᠤᠰ ᠡᠢᠮᠦ ᠪᠣᠳᠠᠲᠤ ᠪᠠᠢᠳᠠᠯ ᠢ᠋ ᠳᠡᠭᠡᠳᠦ ᠱᠠᠲᠤᠨ ᠳ᠋ᠤ᠌ ᠮᠡᠳᠡᠭᠦᠯᠵᠦ ᠳᠤᠰᠬᠠᠬᠤ ᠬᠠᠷᠢᠭᠤᠴᠠᠯᠭ᠎ᠠ ᠦᠭᠡᠢ ᠭᠡᠵᠢ ᠤᠤ? ᠭᠡᠵᠦ ᠣᠯᠠᠨ ᠶᠠᠭᠤᠮ᠎ᠠ ᠬᠡᠯᠡᠭᠡᠳ ᠵᠠᠩᠨᠠᠵᠤ ᠯᠠ ᠪᠠᠢᠭᠰᠠᠨ᠃ 
       ᠪᠢᠳᠡ ᠪᠠᠷᠤᠭ ᠢᠩᠭᠢᠵᠦ ᠴᠢᠩᠭᠢᠵᠦ ᠪᠠᠢᠭᠠᠳ ᠥᠩᠭᠡᠷᠡᠬᠦ ᠯᠡ ᠬᠡᠷᠡᠭ ᠭᠡᠵᠦ ᠪᠣᠳᠣᠵᠤ ᠪᠠᠢᠵᠠᠢ᠃  
       ᠬᠠᠰᠢ ᠯᠠ ᠸᠠᠩ ᠯᠠᠨ ᠬᠤᠸᠠ ᠭᠡᠳᠡᠭ ᠡᠨᠡ ᠵᠥᠷᠢᠭᠦᠦ ᠵᠠᠩ ᠲᠠᠢ ᠡᠬᠡᠨᠡᠷ ᠵᠣᠷᠢᠭ ᠲᠤ ᠪᠠᠨ ᠬᠦᠷᠴᠦ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶ᠎ᠠ ᠶ᠋ᠢ ᠡᠷᠢᠵᠦ ᠮᠠᠨ ᠳ᠋ᠤ᠌ ᠬᠡᠯᠡᠭᠰᠡᠨ ᠪᠠᠢᠳᠠᠯ ᠢ᠋ᠶ᠋ᠠᠨ ᠳᠤᠰᠬᠠᠵᠠᠢ᠃  
       ᠲᠡᠭᠡᠭᠡᠳ ᠲᠣᠪᠴᠢᠶᠠᠨ ᠠ᠋ᠴᠠ ᠳᠣᠣᠷ᠎ᠠ ᠨᠢ ᠪᠠᠢᠴᠠᠭᠠᠬᠤ ᠠᠵᠢᠯᠲᠠᠨ ᠲᠣᠮᠢᠯᠠᠨ᠂ ᠮᠠᠨ ᠤ᠋ ᠬᠣᠷᠢᠶᠠᠨ ᠤ᠋ ᠤᠳᠤᠷᠢᠳᠤᠯᠭ᠎ᠠ ᠲᠠᠢ ᠬᠠᠭᠠᠰ ᠡᠳᠦᠷ ᠶᠠᠷᠢᠯᠴᠠᠵᠤ ᠣᠢᠯᠠᠭᠠᠭᠰᠠᠨ ᠤ᠋ ᠦᠷ᠎ᠡ ᠳ᠋ᠦᠩ ᠳ᠋ᠦ᠍᠂ ᠦᠵᠡᠰᠬᠦᠯᠡᠩ ᠳ᠋ᠦ᠍ ᠰᠢᠢᠳᠬᠡᠯ ᠣᠯᠭᠣᠭᠰᠠᠨ ᠶᠠᠪᠤᠳᠠᠯ ᠢ᠋ ᠨᠠᠷᠢᠨ ᠵᠥᠪᠳᠡᠵᠡᠢ᠃  ᠪᠠᠰᠠ ᠲᠤᠰᠬᠠᠢ ᠣᠯᠠᠨ ᠲᠦᠮᠡᠨ ᠦ᠌ ᠬᠤᠷᠠᠯ ᠬᠢᠵᠦ ᠬᠣᠵᠢᠮ ᠡᠢᠮᠦ ᠮᠠᠶᠢᠭ ᠤ᠋ᠨ ᠳᠦᠷᠢᠮ ᠲᠣᠭᠲᠠᠭᠠᠯ ᠭᠠᠷᠭᠠᠵᠤ᠂ ᠡᠮᠨᠡᠯᠭᠡ ᠶ᠋ᠢᠨ ᠪᠠᠭᠠᠵᠢ ᠬᠡᠷᠡᠭᠰᠡᠯ ᠢ᠋ ᠬᠠᠮᠠᠭᠠᠯᠠᠬᠤ ᠶ᠋ᠢ ᠡᠮᠴᠢ ᠶ᠋ᠢᠨ ᠵᠠᠢᠯᠠᠰᠢ ᠦᠭᠡᠢ ᠬᠠᠷᠢᠭᠤᠴᠠᠯᠭ᠎ᠠ ᠪᠣᠯᠭᠠᠬᠤ ᠬᠡᠷᠡᠭᠲᠡᠢ ᠭᠡᠯ᠎ᠡ᠃  
       ᠢᠩᠭᠢᠬᠦᠯ᠎ᠡ ᠸᠠᠩ ᠯᠠᠨ ᠬᠤᠸᠠ ᠶᠢᠨ ᠵᠠᠭᠠᠯᠳᠤᠯᠭ᠎ᠠ ᠬᠣᠭᠣᠰᠣᠨ ᠪᠣᠯᠵᠤ ᠬᠣᠵᠢᠮ ᠬᠣᠢᠰᠢᠳᠠ ᠶᠠᠯᠠᠯᠠᠵᠤ ᠲᠣᠷᠭᠠᠬᠤ ᠳᠦᠷᠢᠮ ᠢ᠋ ᠪᠡᠬᠢᠵᠢᠭᠦᠯᠬᠦ ᠳ᠋ᠦ᠍ ᠨᠢᠭᠡ ᠬᠤᠪᠢ ᠦᠢᠯᠡᠳᠦᠯ ᠭᠠᠷᠭᠠᠵᠠᠢ᠃ 
       ᠡᠭᠦᠨ ᠦ᠌ ᠡᠰᠡᠷᠭᠦ ᠳ᠋ᠦ᠍ ᠦᠵᠡᠰᠬᠦᠯᠡᠩ ᠦ᠋ᠨ ᠰᠢᠢᠳᠬᠡᠯ ᠢ᠋ ᠪᠦᠬᠦ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠰᠢᠰᠲ᠋ᠧᠮ ᠳ᠋ᠦ᠍ ᠲᠤᠩᠬᠠᠭᠯᠠᠵᠤ ᠮᠠᠨ ᠤ᠋ ᠬᠣᠷᠢᠶᠠᠨ ᠤ᠋ ᠠᠵᠢᠯᠯᠠᠭ᠎ᠠ ᠶ᠋ᠢ ᠳᠡᠮᠵᠢᠭᠰᠡᠨ ᠪᠠᠢᠨ᠎ᠠ᠃ 
       ᠤᠳᠠᠭᠰᠠᠨ ᠦᠭᠡᠢ᠂ ᠮᠠᠨ ᠤ᠋ ᠬᠣᠷᠢᠶ᠎ᠠ ᠰᠠᠮᠠᠭᠤᠷᠠᠯ ᠢ᠋ ᠵᠦᠭᠰᠢᠷᠡᠭᠦᠯᠵᠦ ᠠᠮᠵᠢᠯᠲᠠ ᠣᠯᠤᠭᠰᠠᠨ ᠲᠡᠷᠢᠭᠦᠨ ᠦ᠌ ᠪᠠᠢᠭᠤᠯᠭ᠎ᠠ ᠪᠠᠷ ᠰᠣᠩᠭᠣᠭᠳᠠᠬᠤ ᠳ᠋ᠤ᠌ ᠡᠨᠡ ᠮᠠᠲ᠋ᠧᠷᠢᠶᠠᠯ ᠭᠣᠣᠯ ᠦᠢᠯᠡᠳᠦᠯ ᠦᠵᠡᠭᠦᠯᠵᠡᠢ᠃  
       ᠬᠣᠷᠢᠶᠠᠨ ᠳᠠᠷᠤᠭ᠎ᠠ ᠳ᠋ᠤ᠌ ᠨᠢᠭᠡ ᠳᠡᠰ ᠴᠠᠯᠢᠩ ᠨᠡᠮᠡᠨ ᠣᠷᠣᠨ ᠤ᠋ ᠪᠣᠯᠪᠠᠰᠤᠨ ᠪᠠᠢᠭᠤᠯᠭ᠎ᠠ ᠶ᠋ᠢᠨ ᠲᠥᠯᠥᠭᠡᠯᠡᠭᠴᠢ ᠪᠡᠷ ᠶᠠᠪᠤᠭᠠᠳ ᠭᠣᠶᠣ ᠬᠢᠴᠡᠲᠡᠢ ᠬᠠᠪᠲᠠᠰᠤᠨ ᠳᠡᠭᠡᠷ᠎ᠡ ᠠᠯᠲᠠᠨ ᠦᠰᠦᠭ ᠰᠡᠢᠯᠦᠭᠰᠡᠨ ᠬᠥᠬᠢᠭᠦᠯᠦᠯ ᠦ᠋ᠨ ᠫᠠᠢᠰᠠ ᠲᠠᠢ ᠪᠤᠴᠠᠵᠤ ᠢᠷᠡᠪᠡ᠃ ᠲᠡᠭᠡᠬᠦ ᠳ᠋ᠡᠭᠡᠨ ᠳᠡᠳ᠋ ᠬᠣᠷᠢᠶᠠᠨ ᠳᠠᠷᠤᠭ᠎ᠠ ᠨᠠᠷ ᠲᠤ᠌ ᠴᠦ᠍ ᠵᠠᠭᠤ ᠨᠠᠶᠠᠨ ᠲᠥᠭᠥᠷᠢᠭ ᠦ᠋ᠨ ᠱᠠᠩᠨᠠᠯ ᠲᠠᠢ᠃  ᠪᠤᠰᠤᠳ ᠠᠵᠢᠯᠲᠠᠳ ᠲᠤ᠌ ᠳᠥᠷᠪᠡᠨ ᠰᠠᠷ᠎ᠠ ᠶ᠋ᠢᠨ ᠬᠤᠭᠤᠴᠠᠭᠠᠨ ᠳ᠋ᠤ᠌ ᠰᠠᠷ᠎ᠠ ᠪᠦᠷᠢ ᠳᠣᠯᠣᠭᠠᠨ ᠲᠥᠭᠥᠷᠢᠭ ᠦ᠋ᠨ ᠨᠥᠬᠥᠪᠥᠷᠢ ᠱᠠᠩᠨᠠᠯ ᠣᠯᠭᠣᠪᠠ᠃  
       ᠵᠥᠪᠬᠡᠨ ᠮᠠᠰᠢᠨ ᠤᠨᠠᠭᠠᠵᠤ ᠡᠪᠳᠡᠯᠡᠭᠰᠡᠨ ᠦᠵᠡᠰᠬᠦᠯᠡᠩ ᠪᠣᠯᠤᠨ ᠯᠤᠢᠪᠠᠷᠴᠢᠨ ᠬᠤᠯᠠᠭᠠᠢ ᠶ᠋ᠢᠨ ᠬᠡᠷᠡᠭ ᠢ᠋ᠶ᠋ᠡᠷ ᠡᠷᠡᠭᠦᠦ ᠶ᠋ᠢᠨ ᠰᠢᠢᠳᠬᠡᠯ ᠣᠯᠤᠭᠠᠳ ᠪᠠᠶᠢᠭᠤᠯᠭ᠎ᠠ ᠶ᠋ᠢᠨ ᠢ᠋ᠶ᠋ᠡᠨ ᠬᠢᠨᠠᠯᠲᠠ ᠶ᠋ᠢ ᠬᠦᠯᠢᠶᠡᠭᠰᠡᠨ ᠬᠢᠯᠠᠷ ᠮᠧᠩ ᠮᠢᠩ ᠬᠣᠶᠠᠭᠤᠯᠠ ᠳ᠋ᠤ᠌ ᠡᠨᠡ ᠣᠯᠭᠣᠮᠵᠢ ᠶ᠋ᠢ ᠬᠦᠷᠲᠡᠭᠡᠭᠰᠡᠨ ᠦᠭᠡᠢ᠃
       ᠠᠯᠲᠠᠨ ᠪᠢᠴᠢᠭ ᠲᠡᠢ ᠭᠣᠶᠣᠬᠠᠨ ᠫᠡᠢᠰᠡ ᠶ᠋ᠢ ᠡᠭᠦᠳᠡᠨ ᠳᠡᠭᠡᠷ᠎ᠡ ᠡᠯᠭᠦᠭᠰᠡᠨ ᠡᠴᠡ ᠬᠣᠢᠰᠢ ᠤᠬᠠᠭᠤᠯᠬᠤ ᠪᠠᠢᠭᠤᠯᠭ᠎ᠠ ᠨᠤᠭᠤᠳ ᠢ᠋ ᠵᠢᠭᠲᠡᠢ ᠠᠩᠬᠠᠷᠤᠭᠤᠯᠵᠠᠢ᠃ ᠰᠣᠨᠢᠨ ᠰᠡᠳᠬᠦᠯ᠂ ᠷᠠᠳᠢᠣ᠋ ᠨᠡᠪᠲᠡᠷᠡᠭᠦᠯᠭᠡ᠂ ᠲᠧᠯᠸᠢᠰ ᠬᠣᠷᠢᠶᠠᠨ ᠤ᠋ ᠤᠳᠤᠷᠢᠳᠤᠯᠭ᠎ᠠ ᠰᠤᠷᠪᠤᠯᠵᠢᠯᠠᠭᠴᠢᠳ ᠪᠣᠱᠣᠭ᠎ᠠ ᠡᠯᠡᠭᠡᠲᠡᠯ᠎ᠡ ᠴᠤᠪᠤᠷᠠᠯᠳᠤᠨ᠂ ᠲᠤᠷᠰᠢᠯᠭ᠎ᠠ ᠲᠠᠨᠢᠯᠴᠠᠭᠤᠯᠬᠤ ᠰᠠᠭᠤᠳᠠᠯ ᠤ᠋ᠨ ᠬᠤᠷᠠᠯ ᠢ᠋ ᠬᠣᠢᠨ᠎ᠠ ᠬᠣᠢᠨ᠎ᠠ ᠠ᠋ᠴᠠ ᠪᠠᠨ ᠬᠢᠵᠡᠭᠡᠨ᠎ᠡ᠃  
       ᠰᠢᠢᠳᠬᠡᠯ ᠣᠯᠤᠭᠰᠠᠨ ᠴᠦ᠍ ᠰᠡᠳᠬᠢᠯ ᠦ᠋ᠨ ᠳᠠᠷᠤᠭᠠᠰᠤ ᠪᠠᠨ ᠲᠠᠶᠠᠭᠳᠠᠨ ᠴᠢᠷᠮᠠᠢᠨ ᠠᠵᠢᠯᠯᠠᠭᠰᠠᠨ ᠦᠵᠡᠰᠬᠦᠯᠡᠩ ᠪᠣᠯᠤᠨ 《ᠡᠷᠬᠡ ᠵᠠᠢᠳᠠᠩ ᠠ᠋ᠴᠠ ᠪᠠᠨ ᠡᠷᠭᠢᠯᠲᠡ ᠭᠠᠷᠤᠭᠠᠳ ᠡᠷᠳᠡᠮᠲᠡᠨ ᠬᠤᠪᠢᠷᠠᠭᠰᠠᠨ》 ᠦᠨᠡᠯᠡᠯᠲᠡ ᠲᠡᠢ ᠮᠧᠩ ᠮᠢᠩ ᠬᠣᠶᠠᠭᠤᠯᠠ ᠶ᠋ᠢ ᠳᠤᠷ᠎ᠠ ᠲᠠᠢ ᠳᠤᠷ᠎ᠠ ᠦᠭᠡᠢ ᠶ᠋ᠢ ᠨᠢ ᠬᠠᠮᠢᠶᠠᠷᠤᠯ ᠦᠭᠡᠢ ᠬᠤᠷᠠᠯ ᠪᠣᠯᠭᠠᠨ ᠳ᠋ᠤ᠌ ᠳᠠᠭᠤᠳᠠᠨ ᠢᠷᠡᠭᠦᠯᠵᠦ ᠵᠣᠷᠢᠭᠵᠢᠯ ᠭᠡᠭᠴᠢ ᠶ᠋ᠢ ᠨᠢ ᠶᠠᠷᠢᠭᠤᠯᠳᠠᠭ᠃  
       ᠡᠷᠳᠡᠮ ᠲᠡᠢ ᠪᠣᠯᠤᠨ ᠬᠤᠪᠢᠷᠠᠭᠰᠠᠨ ᠮᠧᠩ ᠮᠢᠩ ᠵᠡᠯᠭᠤ ᠠᠵᠢᠭ ᠴᠦ᠍ ᠦᠭᠡᠢ ᠪᠠᠢᠯ᠎ᠠ᠃  
       ᠬᠠᠷᠢᠨ ᠦᠵᠡᠰᠬᠦᠯᠡᠩ ᠯᠡ ᠵᠦᠭ ᠪᠣᠯᠭᠠᠨ ᠤ᠋ ᠰᠢᠬᠠᠯᠲᠠ ᠶ᠋ᠢ ᠳᠠᠭᠠᠭᠠᠬᠤ ᠦᠭᠡᠢ ᠪᠣᠯᠬᠤ ᠳᠤ ᠪᠠᠨ ᠬᠥᠭᠡᠷᠦᠬᠦᠢ ᠳᠣᠣᠷ᠎ᠠ ᠳᠠᠭᠤ ᠪᠠᠷ ᠶᠠᠷᠢᠭᠰᠠᠭᠠᠷ ᠪᠠᠢᠭᠠᠳ ᠰᠡᠭᠦᠯ ᠳᠦ ᠪᠡᠨ ᠤᠬᠢᠯᠠᠮᠠᠷ ᠪᠣᠯᠳᠠᠭ᠃  
       ᠡᠨᠡ ᠦᠶ᠎ᠡ ᠳ᠋ᠦ᠍ ᠰᠤᠷᠪᠤᠯᠵᠢᠯᠠᠭᠴᠢᠳ ᠴᠦ᠍ ᠪᠤᠷᠤᠭᠤ ᠪᠠᠨ ᠮᠡᠳᠡᠨ ᠵᠣᠷᠢᠭᠵᠢᠯ ᠢ᠋ᠶ᠋ᠠᠨ ᠢᠯᠡᠳᠬᠡᠵᠦ ᠪᠠᠶᠢᠭ᠎ᠠ ᠡᠨᠡ ᠡᠮᠡᠭᠲᠡᠢ ᠶ᠋ᠢ ᠮᠡᠳᠡᠭᠡᠯᠡᠵᠦ ᠴᠢᠮᠡᠭᠡᠯᠡᠬᠦ ᠶ᠋ᠢᠨ ᠨᠢᠭᠡ ᠰᠡᠳᠦᠪ ᠪᠣᠯᠭᠠᠵᠤ ᠪᠠᠢᠯ᠎ᠠ᠃  
       ᠦᠵᠡᠰᠬᠦᠯᠡᠩ ᠳᠠᠷᠤᠯᠲᠠ ᠪᠦᠬᠦᠨ ᠳ᠋ᠦ᠍ ᠲᠡᠰᠴᠦ ᠶᠠᠳᠠᠬᠤ ᠳᠤ ᠪᠠᠨ ᠪᠢᠵᠡ᠂ ᠬᠤᠷᠠᠯ ᠤ᠋ᠨ ᠲᠠᠯᠠᠪᠠᠢ ᠠ᠋ᠴᠠ ᠭᠠᠷᠬᠤ ᠳᠤ ᠪᠠᠨ ᠲᠡᠨᠲᠦᠷ ᠮᠥᠨᠳᠥᠷ ᠠᠯᠬᠤᠯᠠᠨ ᠶᠠᠪᠤᠬᠤ ᠨᠢ ᠬᠠᠷᠠᠭᠳᠠᠳᠠᠭ᠃ ᠦᠵᠡᠰᠬᠦᠯᠡᠩ ᠰᠡᠭᠦᠯ ᠰᠡᠭᠦᠯ ᠦ᠋ᠨ ᠬᠤᠷᠠᠯ ᠳ᠋ᠤ᠌ ᠡᠪᠡᠳᠴᠢᠨ ᠢ᠋ᠶ᠋ᠡᠷ ᠰᠢᠯᠲᠠᠭᠯᠠᠨ ᠵᠣᠷᠢᠭᠵᠢᠯ ᠶᠠᠷᠢᠬᠤ ᠪᠠᠷ ᠢᠷᠡᠬᠦ ᠨᠢ ᠦᠵᠡᠭᠳᠡᠬᠦ ᠦᠭᠡᠢ ᠪᠣᠯᠪᠠ᠃  
       ᠮᠧᠩ ᠮᠢᠩ ᠬᠤᠷᠠᠯ ᠪᠣᠯᠭᠠᠨ ᠳ᠋ᠤ᠌ ᠢᠷᠡᠵᠦ ᠶᠠᠷᠢᠭᠰᠠᠭᠠᠷ ᠪᠠᠢᠭᠠᠳ ᠠᠮᠠ ᠬᠡᠯᠡ ᠨᠢ ᠴᠠᠭᠠᠷᠠᠵᠤ᠂ ᠠᠶ᠎ᠠ ᠠᠷᠭ᠎ᠠ ᠪᠠᠨ ᠣᠯᠤᠭᠰᠠᠨ ᠪᠠᠢᠯ᠎ᠠ᠃  ᠮᠧᠩ ᠮᠢᠩ ᠡᠭᠦᠨ ᠳᠦ ᠪᠡᠨ ᠶᠡᠬᠡ ᠯᠡ ᠰᠡᠳᠬᠢᠯ ᠬᠠᠨᠵᠤ ᠰᠦᠷ ᠰᠣᠷᠲᠣᠭᠣ ᠲᠠᠢ ᠠᠭᠠᠰᠢᠯᠠᠨ ᠪᠣᠯᠪᠠᠰᠤᠨ ᠪᠠᠢᠭᠤᠯᠭ᠎ᠠ ᠶ᠋ᠢᠨ ᠢᠳᠡᠪᠬᠢᠲᠡᠨ ᠪᠣᠯᠬᠤ ᠪᠠᠷ ᠴᠢᠷᠮᠠᠢᠵᠤ ᠯᠠ ᠪᠠᠢᠯ᠎ᠠ᠃  
       ᠶᠣᠰᠣᠲᠠᠢ ᠮᠠᠭᠤ ᠬᠡᠷᠡᠭ ᠰᠠᠢᠨ ᠬᠡᠷᠡᠭ ᠪᠣᠯᠤᠨ ᠬᠤᠪᠢᠷᠠᠵᠤ᠂ ᠠᠷᠵᠠᠭᠠᠷ ᠬᠠᠳᠠ ᠠᠯᠲᠠ ᠪᠣᠯᠤᠨ ᠬᠤᠪᠢᠷᠠᠭᠰᠠᠨ ᠰᠢᠭ᠋ ᠶᠠᠭᠤᠮ᠎ᠠ ᠪᠣᠯᠵᠠᠢ ᠭᠡᠵᠦ ᠭᠥᠯᠥᠭᠡ ᠳᠠᠷᠤᠭ᠎ᠠ ᠬᠡᠯᠡᠯ᠎ᠡ᠃ 
       ᠲᠦᠪᠰᠢᠨ ᠴᠠᠭ ᠢ᠋ᠶ᠋ᠠᠨ ᠬᠠᠷᠠᠭᠰᠠᠨ ᠢ᠋ᠶ᠋ᠠᠨ᠄ 
       — ᠵᠠ  ᠬᠦ ᠂ ᠭᠥᠯᠥᠭᠡ ᠪᠠᠭᠰᠢ᠂ ᠶᠡᠬᠡ ᠠᠷᠪᠢᠨ ᠴᠠᠭ ᠢ᠋ ᠴᠢᠨᠢ ᠰᠠᠭᠠᠲᠠᠭᠠᠴᠢᠬᠠᠯ᠎ᠠ᠃ ᠪᠢᠳᠡᠨ ᠦ᠌ ᠡᠢᠮᠦ ᠠᠵᠢᠯ ᠬᠢᠭᠰᠡᠨ ᠬᠥᠮᠦᠰ ᠲᠠᠨ ᠢ᠋ ᠪᠠᠰᠠ ᠡᠷᠢᠵᠦ ᠢᠷᠡᠬᠦ ᠮᠠᠭᠠᠳ ᠦᠭᠡᠢ ᠶᠦᠮ ᠳᠡ᠃ ᠵᠠ᠂ ᠲᠠᠨ ᠳ᠋ᠤ᠌ ᠲᠠᠯᠠᠷᠬᠠᠯ᠎ᠠ! ᠭᠡᠰᠡᠨ ᠢ᠋ᠶ᠋ᠡᠨ ᠲᠡᠨᠳᠡ ᠡᠴᠡ ᠭᠠᠷᠴᠤ ᠶᠠᠪᠤᠯ᠎ᠠ᠃ 

           ᠤᠩᠰᠢᠭᠰᠠᠨ ᠨᠢ᠄  ᠴᠡᠴᠡᠭᠮ᠎ᠡ