ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠬᠣᠶᠠᠷ> Хялгасан дөрөөн дээр – Хасвулаг зохиов <22>
ᠬᠢᠯᠭᠠᠰᠤᠨ ᠳᠥᠷᠥᠭᠡᠨ ᠳᠡᠭᠡᠷ᠎ᠡ – <ᠬᠣᠷᠢᠨ ᠬᠣᠶᠠᠷ>
ᠶᠠᠪᠤᠬᠤ ᠦᠭᠡᠢ ᠭᠡᠰᠡᠨ ᠵᠠᠮ ᠢ᠋ᠶ᠋ᠠᠷ ᠭᠤᠷᠪᠠ ᠶᠠᠪᠤᠵᠤ ᠬᠢᠬᠦ ᠦᠭᠡᠢ ᠭᠡᠰᠡᠨ ᠬᠡᠷᠡᠭ ᠢ᠋ᠶ᠋ᠡᠨ ᠭᠤᠷᠪᠠ ᠬᠢᠨ᠎ᠡ ᠭᠡᠭᠴᠢ ᠪᠡᠷ ᠪᠣᠯᠤᠷᠴᠠᠭᠠᠨ ᠤ᠋ ᠭᠡᠷ ᠪᠦᠯᠢ ᠶ᠋ᠢᠨ ᠵᠢᠭᠤᠷᠠᠭᠠᠨ ᠡᠨᠡ ᠤᠳᠠᠭ᠎ᠠ ᠳ᠋ᠤ᠌ ᠳᠠᠭᠤᠰᠤᠭᠰᠠᠨ ᠦᠭᠡᠢ᠃
ᠬᠡᠷᠡᠭ ᠥᠩᠭᠡᠷᠡᠭᠰᠡᠨ ᠦ᠌ ᠬᠣᠢᠨ᠎ᠠ ᠴᠦ᠍ ᠬᠣᠶᠠᠭᠤᠯᠠ ᠪᠠᠨ ᠪᠦᠷ ᠥᠪᠡᠷ ᠥᠪᠡᠷ ᠦ᠋ᠨ ᠢ᠋ᠶ᠋ᠡᠨ ᠠᠵᠢᠯᠯᠠᠭ᠎ᠠ ᠶ᠋ᠢᠨ ᠵᠥᠪ ᠪᠤᠷᠤᠭᠤ ᠶ᠋ᠢ ᠢᠯᠭᠠᠵᠤ ᠴᠢᠳᠠᠬᠤ ᠦᠭᠡᠢ ᠪᠠᠢᠵᠤ᠂ ᠰᠡᠳᠬᠢᠯ ᠳᠦ ᠪᠡᠨ ᠴᠥᠮ ᠰᠢᠷ᠎ᠠ ᠤᠰᠤ ᠲᠠᠢ ᠶᠠᠪᠤᠬᠤ ᠪᠣᠯᠵᠠᠢ᠃
ᠡᠨᠡ ᠬᠦ᠌ ᠭᠡᠮ ᠢ᠋ᠶ᠋ᠡᠨ ᠠᠷᠢᠯᠭᠠᠬᠤ ᠪᠠᠷ ᠲᠡᠳᠡ ᠬᠡᠳᠦᠢᠪᠡᠷ ᠡᠳᠦᠢ ᠲᠡᠳᠦᠢ ᠴᠢᠷᠮᠠᠢᠯᠭ᠎ᠠ ᠭᠠᠷᠭᠠᠭᠰᠠᠨ ᠪᠣᠯᠪᠠᠴᠤ ᠡᠪ ᠨᠠᠢᠷᠠᠮᠳᠠᠯ ᠢ᠋ᠶ᠋ᠠᠷ ᠰᠢᠢᠳᠪᠦᠷᠢᠯᠡᠵᠦ ᠳᠡᠢᠯᠦᠰᠢ ᠦᠭᠡᠢ ᠵᠢᠭᠤᠷᠠᠭᠠᠨ ᠳᠠᠬᠢᠭᠠᠳ ᠨᠢᠭᠡ ᠶᠠᠯᠢᠮ ᠦᠭᠡᠢ ᠤᠴᠢᠷ ᠠ᠋ᠴᠠ ᠡᠭᠦᠰᠴᠡᠢ᠃ ᠡᠨᠡ ᠨᠢ ᠲᠡᠳᠡᠨ ᠦ᠌ ᠬᠡᠷᠡᠭᠦᠯ ᠵᠣᠳᠣᠭᠠᠨ ᠠ᠋ᠴᠠ ᠰᠠᠷ᠎ᠠ ᠶ᠋ᠢᠨ ᠳᠠᠷᠠᠭᠠᠬᠢ ᠶᠠᠪᠤᠳᠠᠯ ᠪᠠᠢᠵᠤ ᠪᠢᠯᠡ᠃
ᠪᠣᠯᠤᠷᠴᠠᠭᠠᠨ ᠢ᠋ ᠠᠵᠢᠯ ᠠ᠋ᠴᠠ ᠪᠠᠨ ᠪᠠᠭᠤᠭᠠᠳ ᠬᠠᠷᠢᠵᠤ ᠢᠷᠡᠬᠦ ᠳ᠋ᠦ᠍᠂ ᠦᠵᠡᠰᠬᠦᠯᠡᠩ ᠨᠢᠭᠡᠨᠲᠡ ᠬᠠᠷᠢᠵᠤ ᠢᠷᠡᠴᠢᠬᠡᠭᠡᠳ ᠭᠡᠷ ᠣᠷᠣᠨ ᠢ᠋ᠶ᠋ᠠᠨ ᠬᠢᠯᠠᠢᠲᠠᠯᠠ ᠱᠦᠭᠦᠷᠳᠡᠨ ᠴᠡᠪᠡᠷᠯᠡᠭᠰᠡᠨ ᠪᠥᠭᠡᠳ ᠲᠣᠭᠣᠭᠠᠨ ᠭᠡᠷ ᠡᠴᠡ ᠪᠡᠨ ᠪᠤᠳᠠᠭ᠎ᠠ ᠨᠣᠭᠣᠭᠠᠨ ᠤ᠋ ᠰᠠᠢᠬᠠᠨ ᠦᠨᠦᠷ ᠭᠠᠷᠭᠠᠵᠤ ᠪᠠᠢᠪᠠ᠃
ᠡᠳᠡᠨ ᠦ᠌ ᠳ᠋ᠦ᠍ ᠡᠢᠮᠦᠷᠬᠦᠦ ᠴᠡᠪᠡᠷ ᠲᠣᠬᠢᠯᠢᠭ ᠬᠠᠯᠠᠭᠤᠨ ᠳᠤᠯᠠᠭᠠᠨ ᠪᠠᠢᠳᠠᠯ ᠣᠷᠴᠢᠮ ᠤ᠋ᠨ ᠨᠢᠭᠡ ᠬᠤᠭᠤᠴᠠᠭᠠᠨ ᠳ᠋ᠤ᠌ ᠲᠣᠬᠢᠶᠠᠯᠳᠤᠭᠰᠠᠨ ᠦᠭᠡᠢ ᠪᠠᠢᠵᠠᠢ᠃
ᠪᠣᠯᠤᠷᠴᠠᠭᠠᠨ ᠢ᠋ ᠪᠠᠬᠠᠨ ᠭᠠᠢᠬᠠᠰᠬᠢᠵᠦ ᠪᠠᠢᠲᠠᠯ᠎ᠠ ᠲᠣᠭᠣᠭᠠᠨ ᠭᠡᠷ ᠡᠴᠡ ᠦᠵᠡᠰᠬᠦᠯᠡᠩ ᠭᠠᠷ ᠢ᠋ᠶ᠋ᠠᠨ ᠵᠦᠯᠭᠦᠭᠰᠡᠭᠡᠷ ᠭᠠᠷᠴᠤ ᠢᠷᠡᠯ᠎ᠡ᠃ ᠥᠨᠥᠳᠥᠷ ᠲᠡᠷᠡ ᠡᠩ ᠦ᠋ᠨ ᠦᠶ᠎ᠡ ᠡᠴᠡ ᠪᠡᠨ ᠣᠨᠴᠠᠭᠠᠢ ᠭᠣᠶᠣ ᠰᠠᠢᠬᠠᠨ ᠬᠤᠪᠴᠠᠯᠠᠭᠰᠠᠨ ᠮᠥᠷᠲᠡᠭᠡᠨ ᠨᠢᠭᠤᠷ ᠲᠤᠨᠢ ᠦᠯᠦ ᠮᠡᠳᠡᠭᠳᠡᠮ᠎ᠡ ᠢᠨᠢᠶᠡᠮᠰᠦᠭ ᠪᠠᠢᠳᠠᠯ ᠲᠣᠳᠣᠷᠠᠨ᠂ ᠰᠤᠯᠠ ᠲᠠᠯᠪᠢᠭᠤᠨ ᠳᠦᠷᠢ ᠲᠡᠢ ᠪᠣᠯᠤᠭᠰᠠᠨ ᠠ᠋ᠴᠠ ᠤᠯᠠᠮ ᠵᠢᠰᠦᠷᠬᠡᠭ ᠵᠠᠯᠠᠭᠤ ᠪᠣᠯᠤᠭᠰᠠᠨ ᠰᠢᠭ᠋ ᠬᠠᠷᠠᠭᠳᠠᠨ᠎ᠠ᠃ ᠪᠣᠰᠢᠭᠣ ᠱᠠᠯᠠᠮᠠᠭᠠᠢ ᠣᠷᠣᠵᠤ ᠭᠠᠷᠬᠤ ᠠ᠋ᠴᠠ ᠨᠢ ᠦᠵᠡᠬᠦ ᠳ᠋ᠦ᠍᠂ ᠲᠡᠭᠦᠨ ᠦ᠌ ᠳᠣᠲᠣᠭᠠᠳᠤ ᠰᠡᠳᠬᠢᠯᠭᠡ ᠨᠢ ᠪᠠᠶᠠᠰᠤᠩᠭᠤᠢ ᠪᠠᠢᠬᠤ ᠨᠢ ᠢᠯᠡᠬᠡᠨ ᠪᠠᠢᠯ᠎ᠠ᠃
ᠤᠳᠠᠭᠰᠠᠨ ᠦᠭᠡᠢ ᠰᠢᠷᠡᠭᠡ ᠳᠦᠭᠦᠷᠡᠩ ᠨᠣᠭᠣᠭ᠎ᠠ ᠣᠷᠣᠭᠤᠯᠤᠨ ᠪᠤᠳᠠᠭᠠᠯᠠᠬᠤ ᠳ᠋ᠤ᠌ ᠪᠡᠯᠡᠬᠡᠨ ᠪᠣᠯᠭᠠᠪᠠ᠃
ᠲᠡᠷᠡ ᠪᠤᠯᠤᠷᠴᠠᠭᠠᠨ ᠢ᠋ ᠵᠥᠭᠡᠯᠡᠨ ᠨᠠᠮᠤᠭᠤᠬᠠᠨ ᠢ᠋ᠶ᠋ᠠᠷ ᠳᠠᠭᠤᠳᠠᠨ ᠪᠤᠳᠠᠭᠠᠨ ᠰᠢᠷᠡᠭᠡᠨ ᠳ᠋ᠦ᠍ ᠰᠠᠭᠤᠯᠭᠠᠭᠠᠳ᠂ ᠨᠢᠭᠡ ᠯᠣᠩᠬᠣ ᠦᠵᠦᠮ ᠦ᠋ᠨ ᠠᠷᠢᠬᠢ ᠨᠡᠭᠡᠭᠡᠨ ᠥᠨᠳᠥᠷ ᠰᠢᠯᠪᠢᠲᠦ ᠪᠦᠳᠦᠭᠦᠨ ᠬᠤᠨᠳᠠᠭᠠᠨ ᠳ᠋ᠤ᠌ ᠳᠦᠭᠦᠷᠲᠡᠯ᠎ᠡ ᠬᠢᠪᠡ᠃ ᠲᠡᠭᠡᠭᠡᠳ ᠯᠡ ᠬᠦᠨᠳᠦᠲᠦ ᠵᠣᠴᠢᠨ ᠳ᠋ᠤ᠌ ᠠᠷᠢᠬᠢ ᠪᠠᠷᠢᠵᠤ ᠪᠠᠢᠬᠤ ᠰᠢᠭ᠋ ᠬᠢᠴᠢᠶᠡᠩᠭᠦᠢᠯᠡᠨ᠄
— ᠪᠣᠯᠤᠷᠴᠠᠭᠠᠨ ᠮᠢᠨᠢ ᠠ᠋᠂ ᠰᠠᠷ᠎ᠠ ᠭᠠᠷᠤᠢ ᠠᠭᠤᠷᠯᠠᠨ ᠪᠤᠬᠢᠨᠢᠳᠤᠵᠤ ᠰᠠᠨᠠᠭ᠎ᠠ ᠳᠤᠮᠳᠠᠭᠤᠷ ᠶᠠᠪᠤᠭᠰᠠᠨ ᠪᠢᠵᠡ᠃ ᠡᠨᠡ ᠨᠢ ᠮᠢᠨᠦ ᠰᠥᠨᠢ ᠦᠳᠡᠰᠢ ᠬᠥᠮᠦᠨ ᠲᠡᠢ ᠨᠢᠭᠤᠴᠠ ᠪᠠᠷ ᠪᠣᠯᠵᠣᠵᠤ ᠶᠠᠷᠢᠯᠴᠠᠭᠰᠠᠨ ᠠ᠋ᠴᠠ ᠪᠣᠯᠤᠭᠰᠠᠨ ᠪᠠᠢᠯ ᠦᠭᠡᠢ᠃ ᠦᠨᠡᠨ ᠢ᠋ ᠬᠡᠯᠡᠪᠡᠯ᠂ ᠡᠬᠡᠨᠡᠷ ᠴᠢᠨᠢ ᠪᠣᠯᠤᠭᠰᠠᠨ ᠤ᠋ ᠬᠤᠪᠢ ᠳ᠋ᠤ᠌ ᠪᠢ ᠴᠢᠮ᠎ᠠ ᠳ᠋ᠤ᠌ ᠲᠠᠢᠯᠪᠤᠷᠢᠯᠠᠵᠤ ᠲᠤᠲᠤᠷᠬᠠᠢᠯᠠᠬᠤ ᠴᠢᠬᠤᠯᠠ ᠲᠠᠢ ᠶᠤᠮ᠃ ᠭᠡᠪᠡᠴᠦ ᠁ ᠭᠡᠳ ᠲᠡᠭᠦᠨ ᠦ᠌ ᠬᠣᠭᠣᠯᠠᠢ ᠨᠢ ᠠᠢᠬᠤᠪᠲᠤᠷ ᠴᠡᠴᠡᠷᠬᠢᠯᠡᠨ ᠳᠣᠷᠣᠭᠰᠢ ᠬᠠᠷᠠᠯ᠎ᠠ᠃
ᠪᠣᠯᠤᠷᠴᠠᠭᠠᠨ ᠲᠡᠭᠦᠨ ᠦ᠌ ᠨᠢᠯᠪᠤᠰᠤ ᠮᠡᠯᠲᠡᠭᠡᠨᠡᠨ ᠳᠦᠭᠦᠷᠦᠭᠰᠡᠨ ᠨᠢᠳᠦ ᠶ᠋ᠢ ᠡᠭᠴᠡᠯᠡᠨ ᠬᠠᠷᠠᠬᠤ ᠵᠢᠷᠦᠬᠡ ᠬᠦᠷᠦᠭᠰᠡᠨ ᠦᠭᠡᠢ᠃ ᠲᠡᠭᠡᠲᠡᠯ᠎ᠡ ᠦᠵᠡᠰᠬᠦᠯᠡᠩ ᠦᠯᠦ ᠮᠡᠳᠡᠭᠳᠡᠮ᠎ᠡ ᠴᠡᠴᠡᠷᠬᠢᠯᠡᠭᠰᠡᠨ ᠭᠠᠷ ᠲᠤ ᠪᠠᠨ ᠠᠷᠢᠬᠢᠨ ᠬᠤᠨᠳᠠᠭ᠎ᠠ ᠪᠠᠨ ᠪᠠᠷᠢᠭᠰᠠᠭᠠᠷ᠄
— ᠪᠣᠯᠤᠷᠴᠠᠭᠠᠨ ᠮᠢᠨᠢ᠂ ᠶᠠᠭᠠᠬᠢᠵᠤ ᠬᠡᠯᠡᠨ᠎ᠡ ᠳᠡ᠂ ᠪᠢ ᠡᠳᠡᠭᠡᠷ ᠢ᠋ ᠣᠳᠣᠬᠠᠨ ᠳ᠋ᠤ᠌ ᠴᠢᠮ᠎ᠠ ᠳ᠋ᠤ᠌ ᠳᠠᠢᠯᠪᠤᠷᠢᠯᠠᠵᠤ ᠴᠢᠳᠠᠬᠤ ᠦᠭᠡᠢ᠃ ᠲᠠᠢᠯᠪᠤᠷᠢᠯᠠᠶ᠎ᠠ ᠭᠡᠰᠡᠨ ᠴᠦ᠍ ᠰᠡᠳᠬᠢᠯ ᠲᠦᠪᠳᠡᠬᠦ ᠦᠭᠡᠢ ᠪᠠᠢᠨ᠎ᠠ᠃ ᠴᠢ ᠨᠠᠮ᠎ᠠ ᠶᠢ ᠠᠭᠤᠴᠢᠯᠠᠭᠠᠷᠠᠢ᠃ ᠬᠣᠵᠢᠮ ᠪᠢᠳᠡᠨ ᠦ᠌ ᠭᠡᠷ ᠪᠦᠯᠢ ᠦᠨᠡᠬᠡᠷ ᠨᠢᠭᠡ ᠬᠠᠮᠢᠶ᠎ᠠ ᠦᠭᠡᠢ ᠬᠡᠷᠡᠭ ᠤᠴᠢᠷ ᠠ᠋ᠴᠠ ᠪᠣᠯᠵᠤ ᠤᠷᠤᠭᠤᠳᠠᠬᠤ ᠳ᠋ᠤ᠌ ᠬᠦᠷᠪᠡᠯ᠂ ᠲᠡᠷᠡ ᠦᠶ᠎ᠡ ᠳ᠋ᠦ᠍ ᠪᠢ ᠰᠡᠳᠬᠢᠯ ᠦ᠋ᠨ ᠦᠭᠡ ᠪᠡᠨ ᠴᠢᠮ᠎ᠠ ᠳ᠋ᠤ᠌ ᠬᠡᠯᠡᠵᠦ ᠥᠭᠭᠦᠶ᠎ᠡ᠃ ᠣᠳᠣᠬᠠᠨ ᠳ᠋ᠤ᠌ ᠪᠢᠳᠡ ᠬᠣᠶᠠᠭᠤᠯᠠ ᠶᠠᠷᠢᠯᠴᠠᠭᠠᠳ ᠴᠦ᠍ ᠰᠢᠢᠳᠪᠦᠷᠢᠯᠡᠵᠦ ᠴᠢᠳᠠᠬᠤ ᠦᠭᠡᠢ ᠶᠠᠪᠤᠳᠠᠯ ᠶᠤᠮ ᠴᠢᠨᠢ᠃ ᠣᠳᠣ ᠪᠢ ᠵᠥᠪᠬᠡᠨ ᠬᠣᠷᠢᠭᠠᠳ ᠵᠢᠯ ᠬᠠᠮᠲᠤ ᠠᠮᠢᠳᠤᠷᠠᠭᠰᠠᠨ ᠤ᠋ ᠬᠤᠪᠢ ᠳ᠋ᠤ᠌᠂ ᠴᠢ ᠮᠢᠨᠦ ᠡᠯ᠎ᠡ ᠲᠠᠯ᠎ᠠ ᠶ᠋ᠢ ᠪᠤᠰᠤᠳ ᠬᠥᠮᠦᠨ ᠡᠴᠡ ᠢᠯᠡᠭᠦᠦ ᠣᠢᠯᠠᠭᠠᠵᠤ ᠪᠠᠢᠭ᠎ᠠ ᠭᠡᠰᠡᠨ ᠭᠠᠭᠴᠠ ᠢᠲᠡᠭᠡᠯ ᠲᠡᠢ ᠪᠠᠢᠨ᠎ᠠ᠃ ᠬᠣᠵᠢᠮ ᠠᠯᠢ ᠨᠢᠭᠡᠨ ᠡᠳᠦᠷ ᠪᠢᠳᠡᠨ ᠦ᠌ ᠬᠠᠢᠷ᠎ᠠ ᠰᠡᠳᠬᠢᠯᠭᠡ ᠤᠤᠯ ᠤ᠋ᠨ ᠠᠳᠠᠯᠢ᠂ ᠴᠢᠨᠠᠭᠰᠢᠯᠠᠪᠠᠯ ᠤᠤᠯ ᠤ᠋ᠨ ᠬᠢ ᠡᠴᠡ ᠪᠡᠨ ᠤᠯᠠᠮ ᠵᠤᠵᠠᠭᠠᠳᠬᠤ ᠳ᠋ᠤ᠌ ᠬᠦᠷᠪᠡᠯ ᠪᠢ ᠡᠳᠡᠭᠡᠷ ᠢ᠋ ᠮᠥᠨ ᠴᠢᠮᠠᠲᠤ ᠳᠡᠢᠯᠪᠤᠷᠢᠯᠠᠵᠤ ᠥᠭᠬᠦ ᠶᠦᠮ ᠭᠡᠵᠦ ᠬᠡᠯᠡᠭᠰᠡᠭᠡᠷ ᠪᠠᠢᠭᠠᠳ ᠤᠬᠢᠯᠠᠮᠠᠷ ᠪᠣᠯᠴᠢᠬᠠᠪᠠ᠃
ᠪᠣᠯᠤᠷᠴᠠᠭᠠᠨ ᠲᠡᠭᠦᠨ ᠦ᠌ ᠴᠣᠬᠣᠮ ᠶᠠᠭᠤ ᠶᠠᠷᠢᠬᠤ ᠭᠡᠵᠦ ᠪᠠᠢᠬᠤ ᠶ᠋ᠢᠨ ᠤᠬᠠᠭᠠᠨ ᠢ᠋ ᠨᠢ ᠣᠯᠤᠭᠠᠳᠤᠢ ᠪᠣᠯᠪᠠᠴᠤ ᠪᠡᠶ᠎ᠡ ᠨᠢ ᠲᠠᠲᠠᠪᠠᠯᠵᠠᠨ ᠴᠢᠷᠠᠢ ᠨᠢ ᠪᠠᠷᠤᠢᠵᠤ ᠡᠬᠢᠯᠡᠵᠡᠢ᠃ ᠲᠡᠭᠡᠬᠦ ᠳ᠋ᠦ᠍ ᠡᠨᠡᠬᠡᠨ ᠳ᠋ᠦ᠍ ᠶᠠᠭᠤ ᠶᠠᠭᠠᠬᠢᠬᠤ ᠪᠠᠨ ᠣᠯᠬᠤ ᠦᠭᠡᠢ ᠪᠠᠢᠵᠠᠢ᠃
ᠦᠵᠡᠰᠬᠦᠯᠡᠩ ᠴᠦ᠍ ᠡᠮᠡᠭᠲᠡᠢ ᠬᠥᠮᠦᠨ ᠦ᠌ ᠭᠢᠷᠠᠬᠠᠢ ᠨᠢᠳᠦ ᠪᠡᠷ ᠡᠭᠦᠨ ᠢ᠋ ᠪᠠᠷᠤᠭᠯᠠᠭᠰᠠᠨ ᠪᠣᠯᠤᠯᠲᠠᠢ᠂ ᠳᠣᠣᠷ᠎ᠠ ᠨᠢ ᠦᠭᠡ ᠪᠡᠨ ᠬᠤᠪᠢᠷᠠᠭᠤᠯᠤᠨ᠄
— ᠪᠤᠯᠤᠷᠴᠠᠭᠠᠨ᠂ ᠪᠢ ᠣᠳᠣ ᠡᠭᠦᠨ ᠢ᠋ ᠬᠡᠯᠡᠬᠦ ᠪᠡᠨ ᠪᠠᠢᠶ᠎ᠠ᠃ ᠥᠨᠥᠳᠥᠷ ᠮᠠᠨ ᠤ᠋ ᠬᠣᠷᠢᠶᠠᠨ ᠠ᠋ᠴᠠ ᠮᠢᠨᠦ ᠴᠠᠯᠢᠩ ᠢ᠋ ᠨᠢᠭᠡ ᠯᠡ ᠳᠡᠭᠡᠷ᠎ᠡ ᠬᠣᠶᠠᠷ ᠳᠡᠰ ᠥᠰᠬᠡᠵᠦ ᠥᠭᠭᠦᠭᠰᠡᠨ᠃
— ᠬᠣᠷᠢᠭᠠᠳ ᠵᠢᠯ ᠡᠳ᠋ᠯᠡᠭᠰᠡᠨ ᠲᠠᠪᠢᠭᠠᠳ ᠲᠥᠭᠥᠷᠢᠭ ᠦ᠋ᠨ ᠴᠠᠯᠢᠩ ᠥᠨᠥᠳᠥᠷ ᠨᠡᠮᠡᠭᠳᠡᠭᠰᠡᠨ ᠰᠢᠦ᠃ ᠲᠡᠭᠡᠭᠡᠳ ᠨᠠᠳᠠ ᠪᠠᠰᠠ ᠰᠢᠨ᠎ᠡ ᠭᠡᠷ ᠬᠤᠪᠢᠶᠠᠵᠤ ᠥᠭᠭᠦᠭᠰᠡᠨ᠃
— ᠮᠢᠨᠦ ᠪᠣᠳᠣᠬᠤ ᠪᠠᠷ ᠡᠨᠡ ᠪᠠᠶᠠᠷ ᠲᠤ᠌ ᠴᠢ ᠯᠠᠪ ᠨᠢᠭᠡ ᠬᠤᠨᠳᠠᠭ᠎ᠠ ᠬᠥᠨᠲᠡᠷᠬᠦ ᠪᠢᠵᠡ ᠭᠡᠳ ᠬᠤᠨᠳᠠᠭ᠎ᠠ ᠪᠠᠨ ᠬᠣᠶᠠᠷ ᠭᠠᠷᠯᠠᠨ ᠡᠮᠦᠨ᠎ᠡ ᠨᠢ ᠡᠷᠭᠦᠵᠡᠢ᠃
ᠪᠣᠯᠤᠷᠴᠠᠭᠠᠨ ᠥᠨᠥᠳᠥᠷ ᠭᠡᠷ ᠬᠢᠭᠡᠳ ᠭᠡᠷᠭᠡᠢ ᠶ᠋ᠢᠨ ᠢ᠋ᠶ᠋ᠡᠨ ᠬᠤᠪᠢᠷᠠᠯᠲᠠ ᠶ᠋ᠢ ᠦᠵᠡᠭᠡᠳ ᠰᠦᠷᠡᠬᠡᠢ ᠭᠠᠢᠬᠠᠰᠢ ᠠᠯᠳᠠᠵᠤ ᠪᠠᠢᠭᠰᠠᠨ ᠤ᠋ ᠳᠡᠭᠡᠷ᠎ᠡ ᠦᠵᠡᠰᠬᠦᠯᠡᠩ ᠦ᠋ᠨ ᠦᠭᠡ ᠶᠠᠷᠢᠶ᠎ᠠ᠂ ᠦᠢᠯᠡ ᠠᠵᠢᠯᠯᠠᠭ᠎ᠠ ᠲᠡᠭᠦᠨ ᠳ᠋ᠦ᠍ ᠬᠠᠴᠢᠨ ᠥᠭᠡᠷ᠎ᠡ ᠰᠠᠨᠠᠭᠳᠠᠵᠠᠢ᠃
ᠦᠵᠡᠰᠬᠦᠯᠡᠩ ᠦ᠋ᠨ ᠠᠷᠢᠬᠢ ᠪᠠᠷᠢᠬᠤ ᠳᠤ ᠪᠠᠨ ᠬᠡᠯᠡᠭᠰᠡᠨ ᠦᠭᠡᠨ ᠦ᠌ ᠣᠯᠠᠩᠬᠢ ᠶ᠋ᠢ ᠨᠢ ᠶᠡᠷᠦ ᠣᠢᠯᠠᠭᠠᠭᠰᠠᠨ ᠦᠭᠡᠢ᠃ ᠲᠡᠷᠡᠴᠢᠯᠡᠨ ᠣᠢᠯᠠᠭᠠᠵᠤ ᠠᠪᠤᠶ᠎ᠠ ᠭᠡᠰᠡᠨ ᠪᠣᠳᠣᠯ ᠴᠦ᠍ ᠪᠠᠢᠭᠰᠠᠨ ᠦᠭᠡᠢ᠃
— ᠭᠡᠲᠡᠯ᠎ᠡ ᠰᠡᠭᠦᠯᠡᠷ ᠨᠢ ᠬᠣᠶᠠᠷ ᠳᠡᠰ ᠴᠠᠯᠢᠩ ᠥᠰᠦᠭᠰᠡᠨ ᠪᠠ ᠰᠢᠨ᠎ᠡ ᠭᠡᠷ ᠣᠯᠤᠭᠰᠠᠨ ᠭᠡᠭᠴᠢ ᠶ᠋ᠢ ᠨᠢ ᠰᠣᠨᠣᠰᠤᠭᠠᠳ ᠳᠣᠲᠣᠷ᠎ᠠ ᠨᠢ ᠰᠡᠷᠳ᠋ᠬᠢᠵᠡᠢ᠃ ᠥᠨᠥᠳᠥᠷ ᠮᠠᠭᠤ ᠡᠮ᠎ᠡ ᠢᠩᠭᠢᠵᠦ ᠬᠠᠨᠤᠮᠵᠢ ᠲᠠᠢ ᠪᠠᠶᠠᠰᠤᠩᠭᠤᠢ ᠪᠠᠢᠭᠰᠠᠨ ᠨᠢ ᠬᠠᠷᠢᠨ ᠡᠢᠮᠦ ᠤᠴᠢᠷ ᠪᠠᠢᠵᠠᠢ ᠭᠡᠵᠦ ᠪᠣᠳᠣᠬᠤ ᠳ᠋ᠤ᠌ ᠰᠠᠶᠢᠬᠠᠨ ᠤ᠋ ᠬᠠᠴᠢᠷᠬᠠᠵᠤ ᠪᠠᠢᠭᠰᠠᠨ ᠰᠡᠳᠬᠢᠯ ᠨᠢ ᠬᠣᠷᠣᠮᠬᠠᠨ ᠵᠠᠭᠤᠷ᠎ᠠ ᠶ᠋ᠢᠨ ᠬᠣᠭᠣᠷᠣᠨᠳᠣ ᠵᠠᠮᠬᠠᠷᠠᠭᠠᠳ ᠠᠭᠤᠷ ᠬᠢᠯᠢᠩ ᠨᠢ ᠪᠠᠳᠠᠷᠠᠯ᠎ᠠ᠃
— ᠲᠡᠷᠡ ᠰᠥᠨᠢ X ᠰᠠᠴᠤᠷᠠᠭ ᠭᠡᠷ ᠦ᠋ᠨ ᠥᠷᠥᠭᠡ ᠭᠡᠷ ᠲᠦ᠍ ᠪᠣᠯᠤᠭᠰᠠᠨ ᠶᠠᠪᠤᠳᠠᠯ ᠪᠣᠯᠤᠷᠴᠠᠭᠠᠨ ᠤ᠋ ᠨᠢᠳᠦᠨ ᠳ᠋ᠦ᠍ ᠳᠠᠬᠢᠨ ᠦᠵᠡᠭᠳᠡᠬᠦ ᠰᠢᠭ ᠪᠣᠯᠪᠠ᠃ ᠴᠢᠭᠢᠶᠡᠲᠦᠷᠦ! ᠨᠢᠭᠤᠷ ᠦᠭᠡᠢ ᠶᠠᠭᠤᠮ᠎ᠠ᠂ ᠡᠢᠮᠦ ᠱᠠᠯᠢᠭ ᠠᠷᠠᠯᠵᠢᠶ᠎ᠠ᠂ ᠰᠠᠮᠠᠭᠤᠨ ᠰᠣᠯᠢᠯᠴᠠᠭᠠᠨ ᠤ᠋ ᠮᠥᠷ ᠢ᠋ᠶ᠋ᠡᠷ ᠢᠷᠡᠭᠰᠡᠨ ᠶᠠᠭᠤᠮᠠᠨ ᠳᠤ ᠪᠠᠨ ᠪᠠᠰᠠ ᠲᠤᠰᠬᠠᠢ ᠪᠡᠯᠭᠡᠯᠡᠯ ᠬᠢᠬᠦ ᠭᠡᠭᠴᠢ ᠨᠢ᠃ ᠪᠣᠯᠤᠷᠴᠠᠭᠠᠨ ᠤ᠋ ᠪᠦᠬᠦ ᠪᠡᠶ᠎ᠡ ᠨᠢ ᠳᠠᠭᠵᠢᠨ ᠴᠡᠴᠡᠷᠬᠢᠯᠡᠵᠦ᠂ ᠮᠠᠩᠨᠠᠢ ᠠ᠋ᠴᠠ ᠨᠢ ᠬᠦᠢᠲᠡᠨ ᠬᠥᠯᠥᠰᠥ ᠴᠢᠬᠠᠷᠠᠨ᠂ ᠬᠣᠶᠠᠷ ᠨᠢᠳᠦᠨ ᠡᠴᠡ ᠨᠢ ᠬᠢᠯᠢᠩ ᠦ᠋ᠨ ᠣᠴᠢ ᠦᠰᠦᠷᠴᠦ ᠪᠠᠢᠭᠰᠠᠨ ᠢ᠋ᠶ᠋ᠠᠨ ᠭᠡᠨᠡᠳᠲᠡ ᠭᠠᠷ ᠬᠥᠳᠡᠯᠦᠨ ᠬᠤᠨᠳᠠᠭ᠎ᠠ ᠲᠠᠢ ᠠᠷᠢᠬᠢ ᠶ᠋ᠢ ᠨᠢ ᠪᠤᠯᠢᠶᠠᠨ ᠠᠪᠴᠤ ᠭᠠᠵᠠᠷ ᠰᠠᠪᠠᠭᠠᠳ᠄
— ᠴᠢ ᠦᠨᠡᠬᠡᠷ ᠴᠦ᠍ ᠬᠥᠮᠦᠨ ᠢ᠋ ᠳᠣᠷᠣᠮᠵᠢᠯᠠᠵᠤ ᠭᠤᠲᠤᠭᠠᠬᠤ ᠶ᠋ᠢᠨ ᠲᠤᠢᠯ ᠳ᠋ᠤ᠌ ᠬᠦᠷᠴᠦ ᠪᠠᠢᠨ᠎ᠠ! ᠪᠤᠵᠠᠷ ᠪᠤᠷᠲᠠᠭ ᠬᠣᠶᠠᠷ ᠳᠡᠰ᠂ ᠬᠥᠮᠦᠨ ᠡᠴᠡ ᠣᠨᠴᠠᠭᠠᠢ ᠨᠢᠭᠡ ᠭᠡᠷ ᠢ᠋ ᠶᠠᠮᠠᠷ ᠵᠠᠮ ᠮᠥᠷ ᠢ᠋ᠶ᠋ᠡᠷ ᠣᠯᠤᠭᠰᠠᠨ ᠢ᠋ ᠴᠢᠨᠢ ᠮᠡᠳᠡᠬᠦ ᠦᠭᠡᠢ ᠭᠡᠵᠦ ᠰᠠᠨᠠᠪᠠ ᠤᠤ? ᠢᠴᠢᠭᠦᠷᠢ ᠰᠢᠪᠰᠢᠭ ᠢ᠋ᠶ᠋ᠡᠨ ᠪᠠᠰᠠ ᠡᠷᠳᠡᠮ ᠪᠣᠯᠭᠠᠨ ᠭᠠᠢᠬᠠᠭᠤᠯᠬᠤ ᠳᠤ ᠪᠠᠨ! ᠮᠠᠭᠤ ᠶᠠᠩᠬᠠᠨ ᠡᠮ᠎ᠡ ᠁ ᠭᠡᠵᠦ ᠠᠮᠠ ᠬᠠᠮᠬᠢᠯ ᠦᠭᠡᠢ ᠬᠠᠷᠢᠶᠠᠵᠤ ᠪᠠᠢᠭᠰᠠᠨ ᠢ᠋ᠶ᠋ᠠᠨ ᠬᠦᠯᠢᠶᠡᠨ ᠵᠣᠭᠰᠣᠵᠤ ᠪᠠᠢᠭᠰᠠᠨ ᠦᠵᠡᠰᠬᠦᠯᠡᠩ ᠤᠷᠤᠭᠤ ᠪᠤᠳᠠᠭᠠᠨ ᠰᠢᠷᠡᠭᠡ ᠪᠡᠨ ᠲᠦᠯᠬᠢᠵᠦ ᠤᠨᠠᠭᠠᠪᠠ᠃ ᠡᠳᠦᠢ ᠠᠷᠪᠢᠨ ᠰᠡᠳᠬᠢᠯ ᠦ᠋ᠨ ᠦᠭᠡ ᠶ᠋ᠢᠨ ᠬᠢᠨᠢ ᠬᠠᠷᠢᠭᠤ ᠳ᠋ᠤ᠌ ᠪᠣᠯᠤᠷᠴᠠᠭᠠᠨ ᠢ᠋ ᠢᠩᠭᠢᠵᠦ ᠪᠦᠳᠦᠭᠦᠯᠢᠭ ᠠᠭᠠᠰᠢᠯᠠᠨ᠎ᠠ ᠭᠡᠵᠦ ᠦᠵᠡᠰᠬᠦᠯᠡᠩ ᠶᠡᠷᠦ ᠪᠣᠳᠣᠭᠰᠠᠨ ᠦᠭᠡᠢ᠃
— ᠬᠠᠷᠢᠨ ᠠᠮᠲᠠᠲᠤ ᠰᠠᠷᠬᠤᠳ ᠢ᠋ ᠬᠢᠴᠢᠶᠡᠩᠭᠦᠢᠯᠡᠨ ᠪᠠᠷᠢᠵᠤ ᠵᠣᠭᠰᠣᠬᠤ ᠳᠤ ᠪᠠᠨ᠂ ᠪᠣᠯᠤᠷᠴᠠᠭᠠᠨ ᠮᠢᠨᠢ ᠠᠭᠤᠳᠠᠮ ᠴᠡᠭᠡᠵᠢᠨ ᠳᠦ ᠪᠡᠨ ᠲᠤᠩᠭᠠᠭᠠᠨ ᠪᠣᠳᠣᠵᠤ᠂ ᠡᠪᠳᠡᠷᠡᠭᠰᠡᠨ ᠬᠠᠷᠢᠴᠠᠭ᠎ᠠ ᠪᠠᠨ ᠵᠠᠰᠠᠬᠤ ᠡᠭᠦᠳᠡᠨ ᠡᠴᠡ ᠠᠪᠤᠭᠠᠳ ᠯᠠ ᠬᠥᠨᠲᠡᠷᠬᠦ ᠪᠣᠢ ᠭᠡᠵᠦ ᠪᠣᠳᠣᠵᠤ ᠪᠠᠢᠭᠰᠠᠨ ᠪᠣᠯᠬᠣᠷ ᠪᠣᠯᠤᠷᠴᠠᠭᠠᠨ ᠤ᠋ ᠪᠡᠶ᠎ᠡ ᠳᠡᠭᠡᠷ᠎ᠡ ᠢᠯᠡᠷᠡᠭᠰᠡᠨ ᠬᠤᠪᠢᠷᠠᠯᠲᠠ ᠶ᠋ᠢ ᠠᠵᠢᠭᠯᠠᠵᠤ ᠠᠮᠵᠢᠭᠰᠠᠨ ᠦᠭᠡᠢ ᠪᠠᠢᠵᠠᠢ᠃
ᠭᠡᠨᠡᠳᠲᠡ ᠬᠤᠨᠳᠠᠭ᠎ᠠ ᠰᠠᠪᠠᠨ ᠰᠢᠷᠡᠭᠡ ᠲᠦᠯᠬᠢᠬᠦ ᠳ᠋ᠦ᠍᠂ ᠲᠡᠷᠡ ᠤᠬᠤᠷᠢᠵᠤ ᠴᠦ᠍ ᠵᠠᠪᠳᠤᠭᠰᠠᠨ ᠦᠭᠡᠢ ᠲᠤᠯᠠ ᠠᠷᠢᠬᠢᠨ ᠳ᠋ᠤ᠌ ᠪᠢᠯᠳᠠᠭᠳᠠᠨ ᠰᠢᠷᠡᠭᠡᠨ ᠳ᠋ᠦ᠍ ᠳᠠᠷᠤᠭᠳᠠᠵᠤ᠂ ᠥᠪᠴᠢ ᠪᠡᠶ᠎ᠡ ᠴᠡᠪᠡᠷ ᠬᠤᠪᠴᠠᠰᠤ ᠨᠢ ᠥᠭᠡᠬᠦ ᠲᠣᠰᠣᠨ ᠳ᠋ᠤ᠌ ᠠᠪᠬᠤ ᠶ᠋ᠢᠨ ᠲᠠᠮᠲᠤᠭ ᠦᠭᠡᠢ ᠪᠢᠯᠳᠠᠭᠳᠠᠵᠠᠢ᠂ ᠲᠡᠷᠡ ᠠᠷᠠᠢ ᠭᠡᠵᠦ ᠰᠢᠷᠡᠭᠡᠨ ᠳᠣᠣᠷ᠎ᠠ ᠠ᠋ᠴᠠ ᠲᠡᠯᠴᠢᠯᠡᠨ ᠪᠣᠰᠴᠤ ᠢᠷᠡᠭᠡᠳ᠄
— ᠮᠠᠭᠤ ᠠᠳᠤᠭᠤᠰᠤ᠃ ᠪᠢ ᠴᠢᠮ᠎ᠠ ᠲᠠᠢ ᠤᠷᠤᠭᠯᠠᠭᠠᠳ ᠠᠷᠪᠠᠨ ᠵᠢᠷᠭᠤᠭ᠎ᠠ ᠳᠣᠯᠣᠭᠠᠨ ᠵᠢᠯ ᠪᠣᠯᠤᠯ᠎ᠠ᠃ ᠡᠳᠦᠢ ᠴᠢᠨᠡᠭᠡᠨ ᠵᠢᠯ ᠡᠷ᠎ᠡ ᠡᠮ᠎ᠡ ᠪᠣᠯᠤᠭᠠᠳ ᠴᠢ ᠮᠢᠨᠦ ᠰᠡᠳᠬᠢᠯ ᠢ᠋ ᠵᠢᠭᠠᠬᠠᠨ ᠴᠦ᠍ ᠣᠢᠯᠠᠭᠠᠬᠤ ᠦᠭᠡᠢ ᠨᠢ ᠳᠠᠩᠴᠤ ᠬᠠᠷᠠᠮᠰᠠᠯᠲᠠᠢ ᠭᠡᠵᠦ ᠠᠭᠤᠷᠯᠠᠨ ᠬᠠᠰᠬᠢᠷᠤᠭᠰᠠᠨ ᠨᠢ ᠭᠠᠯ ᠳᠡᠭᠡᠷ᠎ᠡ ᠲᠣᠰᠣ ᠨᠡᠮᠡᠭᠰᠡᠨ ᠰᠢᠭ ᠪᠣᠯᠵᠠᠢ᠃
ᠪᠣᠯᠤᠷᠴᠠᠭᠠᠨ ᠲᠣᠭᠣᠭᠠᠨ ᠭᠡᠷ ᠲᠤ ᠪᠠᠨ ᠨᠢᠭᠤᠷ ᠨᠢᠳᠦ ᠦᠭᠡᠢ ᠭᠦᠶᠦᠨ ᠣᠷᠣᠵᠤ ᠬᠤᠷᠴᠠ ᠢᠷᠲᠡᠢ ᠪᠣᠣᠳᠤᠤ ᠰᠢᠭᠦᠷᠡᠵᠦ ᠠᠪᠤᠭᠠᠳ ᠳᠠᠭᠠᠷᠢᠨ ᠢᠷᠡᠬᠦ ᠳ᠋ᠦ᠍ ᠦᠵᠡᠰᠬᠦᠯᠡᠩ ᠡᠭᠦᠳᠡ ᠪᠤᠯᠢᠶᠠᠨ ᠭᠠᠳᠠᠭᠰᠢ ᠳᠤᠲᠠᠭᠠᠵᠠᠢ᠃ ᠬᠡᠳᠦᠢᠪᠡᠷ ᠭᠠᠳᠠᠨ᠎ᠠ ᠭᠠᠷᠤᠮᠠᠭᠴᠠ ᠠᠢᠯ ᠵᠡᠷᠭᠡᠯᠡᠳᠡᠭᠡ ᠶ᠋ᠢᠨ ᠬᠢᠨ ᠨᠢ ᠴᠤᠭᠯᠠᠷᠠᠨ ᠢᠷᠡᠵᠦ ᠢᠳᠬᠠᠨ ᠰᠠᠯᠭᠠᠵᠤ ᠡᠨᠡ ᠬᠡᠷᠡᠭ ᠬᠠᠭᠠᠷᠠᠭᠰᠠᠨ ᠦᠭᠡᠢ ᠨᠠᠮᠵᠢᠭᠰᠠᠨ ᠪᠣᠯᠪᠠᠴᠤ ᠰᠠᠷ᠎ᠠ ᠶ᠋ᠢᠨ ᠬᠣᠭᠣᠷᠣᠨᠳᠣ ᠭᠠᠷᠤᠭᠰᠠᠨ ᠡᠨᠡ ᠬᠦ᠌ ᠬᠣᠶᠠᠷ ᠤᠳᠠᠭᠠᠨ ᠤ᠋ ᠵᠣᠳᠣᠭᠠᠨ ᠴᠤᠤᠭᠢᠶᠠᠨ ᠨᠢ ᠡᠭᠡᠭᠡ ᠯᠡ ᠬᠤᠪᠢᠯᠭᠠᠨ ᠳᠠᠯᠠᠪᠴᠢ ᠰᠠᠯᠬᠢᠨ ᠬᠦᠷᠳᠦ ᠲᠡᠢ ᠮᠡᠲᠦ ᠲᠤᠩ ᠬᠤᠷᠳᠤᠨ ᠠᠮᠠ ᠳᠠᠮᠵᠢᠨ ᠲᠠᠷᠬᠠᠭᠠᠳ᠂ ᠨᠡᠢᠭᠡᠮ ᠳᠡᠭᠡᠷ᠎ᠡ ᠪᠠᠷᠤᠭ ᠮᠡᠳᠡᠬᠦ ᠦᠭᠡᠢ ᠬᠥᠮᠦᠨ ᠦᠭᠡᠢ ᠪᠣᠯᠬᠤ ᠬᠡᠮᠵᠢᠶᠡᠨ ᠳ᠋ᠦ᠍ ᠬᠦᠷᠴᠡᠢ᠃
ᠡᠨᠡ ᠬᠣᠶᠠᠷ ᠡᠮᠴᠢ ᠶ᠋ᠢᠨ ᠭᠡᠷ ᠪᠦᠯᠢ ᠢᠩᠭᠢᠭᠡᠳ ᠡᠪᠳᠡᠷᠡᠬᠦ ᠵᠦᠭ ᠲᠤ ᠪᠠᠨ ᠬᠠᠨᠳᠤᠯ᠎ᠠ᠃
ᠭᠤᠴᠢᠨ ᠳᠣᠯᠣᠭᠠᠨ ᠵᠢᠯ ᠬᠡᠪᠰᠢᠨ ᠲᠣᠭᠲᠠᠪᠤᠷᠢᠵᠢᠭᠰᠠᠨ ᠦᠵᠡᠰᠬᠦᠯᠡᠩ ᠦ᠋ᠨ ᠲᠣᠭᠲᠠᠭᠤᠨ ᠳᠥᠯᠭᠡᠬᠡᠨ ᠵᠠᠩ ᠠᠭᠠᠯᠢ ᠴᠦ᠍ ᠳᠤᠷᠠᠯᠠᠵᠤ ᠣᠴᠢᠭᠰᠠᠨ ᠡᠷ᠎ᠡ ᠶ᠋ᠢᠨ ᠢ᠋ᠶ᠋ᠡᠨ ᠭᠦᠵᠢᠷ ᠪᠠᠯᠠᠮᠠᠳ ᠳᠠᠷᠤᠯᠲᠠ ᠳᠣᠷᠣᠮᠵᠢᠯᠠᠯ ᠳᠣᠣᠷ᠎ᠠ ᠬᠤᠪᠢᠷᠠᠵᠤ ᠡᠬᠢᠯᠡᠵᠡᠢ᠃
ᠦᠵᠡᠰᠬᠦᠯᠡᠩ ᠬᠥᠮᠦᠨ ᠲᠡᠢ ᠪᠣᠯᠵᠣᠵᠤ ᠠᠭᠤᠯᠵᠠᠭᠰᠠᠨ ᠢ᠋ᠶ᠋ᠠᠨ ᠡᠷ᠎ᠡ ᠳᠦ ᠪᠡᠨ ᠮᠡᠳᠡᠭᠳᠡᠵᠦ ᠠᠷᠠᠰᠤ ᠮᠢᠬᠠᠨ ᠤ᠋ ᠭᠠᠰᠢᠭᠤᠨ ᠢ᠋ ᠡᠳ᠋ᠯᠡᠵᠦ ᠶᠠᠪᠤᠬᠤ ᠳᠤ ᠪᠠᠨ ᠴᠦ᠍᠂ ᠡᠷ᠎ᠡ ᠮᠢᠨᠢ ᠨᠠᠮ᠎ᠠ ᠶᠢ ᠪᠠᠨ ᠠᠷᠭ᠎ᠠ ᠦᠭᠡᠢ ᠬᠠᠢᠷᠠᠯᠠᠵᠤ ᠬᠠᠷᠠᠮᠨᠠᠬᠤ ᠳᠤ ᠪᠠᠨ ᠢᠩᠭᠢᠵᠦ ᠪᠠᠢᠭ᠎ᠠ ᠪᠢᠵᠡ ᠭᠡᠵᠦ ᠰᠡᠳᠬᠢᠯ ᠳᠣᠲᠣᠷ᠎ᠠ ᠪᠠᠨ ᠡᠷ᠎ᠡ ᠨᠥᠬᠥᠷ ᠢ᠋ᠶ᠋ᠡᠨ ᠵᠥᠪᠲᠥᠭᠡᠨ ᠪᠣᠳᠣᠵᠤ᠂ ᠬᠦᠷᠦᠮᠡᠷ ᠪᠣᠯᠤᠭᠰᠠᠨ ᠰᠡᠳᠬᠢᠯ ᠨᠢ ᠡᠷᠭᠢᠭᠡᠳ ᠬᠠᠢᠯᠬᠤ ᠲᠡᠢᠰᠢ ᠪᠡᠨ ᠬᠠᠨᠳᠤᠵᠤ ᠪᠠᠢᠵᠠᠢ᠃
ᠭᠡᠲᠡᠯ᠎ᠡ ᠡᠨᠡ ᠤᠳᠠᠭ᠎ᠠ ᠬᠡᠷᠪᠡ ᠪᠣᠣᠳᠤᠤ ᠳᠠᠯᠠᠢᠨ ᠴᠠᠪᠴᠢᠬᠤ ᠪᠠᠷ ᠢᠷᠡᠬᠦ ᠳ᠋ᠦ᠍ᠨᠢ ᠨᠢᠳᠦ ᠢᠷᠮᠡᠬᠦ ᠶ᠋ᠢᠨ ᠲᠡᠳᠦᠢ ᠵᠠᠪᠰᠢᠶᠠᠨ ᠠᠯᠳᠠᠭᠰᠠᠨ ᠪᠣᠯ ᠮᠢᠨᠦ ᠠᠮᠢ ᠠᠯᠢ ᠬᠡᠳᠦᠢᠨ ᠳᠠᠭᠤᠰᠤᠭᠰᠠᠨ ᠭᠡᠵᠦ ᠪᠣᠳᠣᠬᠤ ᠠ᠋ᠴᠠ ᠦᠵᠡᠰᠬᠦᠯᠡᠩ ᠦ᠋ᠨ ᠵᠢᠷᠦᠬᠡ ᠨᠢ ᠭᠣᠣᠯ ᠳᠤ ᠪᠠᠨ ᠣᠷᠣᠲᠠᠯ᠎ᠠ ᠬᠦᠷᠦᠵᠦ᠂ ᠰᠡᠳᠬᠢᠯ ᠰᠠᠨᠠᠭᠠᠨ ᠳ᠋ᠤᠨᠢ ᠡᠯᠳᠡᠪ ᠦ᠋ᠨ ᠬᠤᠪᠢᠷᠠᠯᠲᠠ ᠭᠠᠷᠴᠤ ᠡᠬᠢᠯᠡᠵᠡᠢ᠃
ᠠᠷᠪᠠᠨ ᠲᠠᠪᠤ ᠵᠢᠷᠭᠤᠭᠠᠨ ᠵᠢᠯ ᠦ᠋ᠨ ᠲᠤᠷᠰᠢ ᠪᠣᠯᠤᠷᠴᠠᠭᠠᠨ ᠳ᠋ᠤ᠌ ᠲᠡᠷᠡ ᠡᠬᠡᠨᠡᠷ ᠬᠥᠮᠦᠨ ᠦ᠌ ᠡᠭᠦᠷᠭᠡ ᠬᠠᠷᠢᠭᠤᠴᠠᠯᠭ᠎ᠠ ᠪᠠᠨ ᠢᠯᠡᠭᠦᠴᠡ ᠲᠡᠢ ᠭᠦᠢᠴᠡᠳᠬᠡᠭᠰᠡᠨ᠃
ᠪᠣᠯᠤᠷᠴᠠᠭᠠᠨ ᠠᠮᠠ ᠪᠠᠨ ᠠᠩᠭᠠᠢᠨ ᠰᠠᠪᠬ᠎ᠠ ᠠᠪᠤᠮᠠᠭᠴᠠ ᠪᠤᠳᠠᠭᠠᠯᠠᠵᠤ᠂ ᠠᠪᠳᠠᠷ᠎ᠠ ᠠᠭᠤᠳᠠᠯᠤᠨ ᠬᠤᠪᠴᠠᠰᠤ ᠭᠠᠷᠭᠠᠮᠠᠭᠴᠠ ᠰᠣᠯᠢᠴᠢᠬᠠᠨᠠ᠃
ᠡᠮ᠎ᠡ ᠬᠥᠮᠦᠨ ᠦ᠌ ᠬᠠᠯᠠᠭᠤᠨ ᠳᠤᠯᠠᠭᠠᠨ ᠡᠯᠢᠭᠡᠨ ᠬᠠᠢᠷ᠎ᠠ ᠶ᠋ᠢ ᠲᠡᠷᠡ ᠬᠡᠵᠢᠶ᠎ᠡ ᠴᠦ᠍᠂ ᠶᠠᠮᠠᠷ ᠦᠶ᠎ᠡ ᠳ᠋ᠦ᠍ ᠴᠦ᠍ ᠠᠯᠳᠠᠯ ᠦᠭᠡᠢ ᠣᠯᠵᠤ ᠬᠦᠷᠲᠡᠳᠡᠭ᠃ ᠦᠵᠡᠰᠬᠦᠯᠡᠩ ᠦ᠋ᠨ ᠲᠥᠷᠥᠬᠦ ᠡᠴᠡ ᠪᠣᠯᠤᠭᠠᠳ ᠳᠠᠬᠢᠨ ᠦᠷᠡᠵᠢᠬᠦ ᠴᠢᠳᠠᠪᠤᠷᠢ ᠪᠠᠨ ᠠᠯᠳᠠᠭᠰᠠᠨ ᠨᠢ ᠴᠦ᠍ ᠦᠨᠡᠨ ᠳᠦ ᠪᠡᠨ ᠲᠡᠭᠦᠨ ᠦ᠌ ᠪᠤᠷᠤᠭᠤ ᠪᠢᠰᠢ ᠶᠦᠮ᠃
ᠦᠷ᠎ᠡ ᠦᠨᠳᠦᠰᠦ ᠶ᠋ᠢᠨ ᠲᠥᠯᠥᠭᠡ ᠪᠣᠯᠤᠷᠴᠠᠭᠠᠨ ᠤ᠋ ᠤᠷᠤᠭᠤ ᠴᠢᠷᠠᠢᠯᠠᠨ ᠲᠣᠯᠣᠭᠠᠢ ᠭᠠᠨᠵᠤᠭᠠᠯᠠᠬᠤ ᠳ᠋ᠤ᠌᠂ ᠲᠡᠷᠡ ᠡᠨᠡᠷᠢᠵᠦ ᠣᠢᠯᠠᠭᠠᠭᠰᠠᠨ ᠰᠡᠳᠬᠢᠯ ᠦ᠋ᠨ ᠡᠭᠦᠳᠡᠨ ᠡᠴᠡ ᠢᠳᠬᠠᠯ ᠲᠠᠢᠳᠬᠤᠷᠠᠭᠤᠯᠤᠯ ᠬᠢᠵᠦ᠂ ᠭᠤᠨᠢᠷᠬᠠᠭᠰᠠᠨ ᠰᠡᠳᠬᠢᠯ ᠢ᠋ ᠨᠢ ᠵᠠᠰᠠᠬᠤ ᠪᠣᠳᠣᠯ ᠢ᠋ ᠡᠪᠦᠷᠯᠡᠨ ᠲᠡᠭᠦᠨ ᠦ᠌ ᠠᠯᠢᠪᠠ ᠪᠦᠬᠦᠨ ᠳ᠋ᠦ᠍ ᠬᠢᠴᠢᠶᠡᠩᠭᠦᠢᠯᠡᠨ ᠬᠠᠨᠳᠤᠵᠠᠢ᠃
ᠤᠷᠪᠠᠭ᠎ᠠ ᠬᠥᠷᠪᠡᠭᠡ ᠲᠡᠢ ᠡᠷ᠎ᠡ᠂ ᠦᠨᠡᠨ ᠨᠢ ᠬᠡᠲᠦᠷᠡᠭᠰᠡᠨ ᠡᠮ᠎ᠡ ᠭᠡᠭᠴᠢ ᠣᠷᠣ ᠲᠠᠢ ᠯᠠ ᠦᠭᠡ ᠪᠠᠢᠨ᠎ᠠ᠃ ᠪᠣᠯᠤᠷᠴᠠᠭᠠᠨ ᠵᠠᠷᠢᠮ ᠡᠭᠡᠯᠵᠢ ᠦᠭᠡᠢ ᠰᠥᠨᠢ ᠳᠦ ᠪᠡᠨ ᠭᠠᠳᠠᠨ᠎ᠠ ᠬᠣᠨᠣᠭᠠᠳ ᠢᠷᠡᠬᠦ ᠳ᠋ᠦ᠍᠂ ᠬᠤᠪᠴᠠᠰᠤᠨ ᠡᠴᠡ ᠨᠢ ᠡᠮᠡᠭᠲᠡᠢ ᠬᠥᠮᠦᠨ ᠦ᠌ ᠬᠡᠷᠡᠭᠯᠡᠳᠡᠭ ᠲᠣᠰᠣ ᠤᠰᠤᠨ ᠤ᠋ ᠠᠩᠬᠢᠯᠤᠮᠠᠯ ᠦᠨᠦᠷ ᠭᠠᠷᠴᠤ᠂ ᠦᠵᠡᠰᠢ ᠦᠭᠡᠢ ᠨᠣᠢᠷᠮᠤᠭ ᠴᠢᠷᠠᠢᠯᠠᠵᠤ ᠪᠠᠢᠳᠠᠭ ᠢ᠋ ᠨᠢ ᠦᠵᠡᠰᠬᠦᠯᠡᠩ ᠡᠮᠡᠭᠲᠡᠢ ᠬᠥᠮᠦᠨ ᠦ᠌ ᠠᠵᠢᠭᠴᠢ ᠰᠡᠵᠢᠭᠴᠢ ᠨᠢᠳᠦ ᠪᠡᠷ ᠦᠵᠡᠨ ᠭᠠᠷᠴᠤ᠂ ᠠᠯᠢ ᠨᠢᠭᠡ ᠲᠡᠢ ᠨᠢ ᠠᠪᠤᠰᠢ ᠦᠭᠡᠢ ᠰᠢᠪᠠᠷᠳᠠᠵᠤ ᠪᠠᠢᠨ᠎ᠠ ᠳᠠ ᠭᠡᠵᠦ ᠪᠠᠷᠤᠭᠯᠠᠵᠤ ᠮᠡᠳᠡᠵᠡᠢ᠃
ᠲᠡᠭᠡᠭᠡᠳ ᠣᠷᠣ ᠳᠡᠯᠭᠡᠰᠢᠨ ᠦ᠌ ᠪᠡᠨ ᠬᠠᠯᠠᠭᠤᠨ ᠢ᠋ ᠲᠠᠭᠠᠷᠠᠭᠤᠯᠵᠤ᠂ ᠪᠣᠯᠤᠷᠴᠠᠭᠠᠨ ᠮᠢᠨᠢ᠂ ᠠᠯᠳᠠᠰᠢ ᠴᠤᠤᠷᠬᠠᠯ ᠠᠮᠢ ᠠᠪᠴᠤ᠂ ᠣᠯᠠᠨ ᠤ᠋ ᠬᠡᠯᠡ ᠭᠣᠣᠯ ᠲᠠᠰᠤᠯᠤᠨ᠎ᠠ ᠰᠢᠦ᠃ ᠬᠢᠴᠢᠶᠡ ᠳᠡ ᠭᠡᠵᠦ ᠢᠳᠬᠠᠨ ᠬᠡᠯᠡᠬᠦ ᠳᠦ ᠪᠡᠨ ᠥᠴᠦᠬᠡᠨ ᠴᠦ᠍ ᠬᠣᠣᠷ ᠰᠢᠷ᠎ᠠ ᠶ᠋ᠢᠨ ᠰᠠᠨᠠᠭ᠎ᠠ ᠡᠪᠦᠷᠯᠡᠭᠡ ᠦᠭᠡᠢ ᠪᠠᠢᠵᠤ ᠪᠢᠯᠡ᠃
ᠡᠭᠦᠨ ᠢ᠋ ᠨᠢ ᠪᠣᠯᠤᠷᠴᠠᠭᠠᠨ ᠬᠠᠷᠢᠨ ᠥᠴᠦᠬᠡᠨ ᠲᠡᠳᠦᠢ ᠴᠦ᠍ ᠣᠢᠰᠢᠶᠠᠬᠤ ᠦᠭᠡᠢ ᠪᠠᠢᠯ᠎ᠠ᠃ ᠡᠨᠡ ᠪᠦᠬᠦᠨ ᠪᠦᠷ ᠥᠩᠭᠡᠷᠡᠭᠰᠡᠨ ᠦ᠌ ᠳᠤᠷᠠᠳᠬᠠᠯ ᠪᠣᠯᠤᠨ᠎ᠠ᠃
ᠣᠷᠴᠢᠮ ᠤ᠋ᠨ ᠬᠡᠷᠡᠭ ᠴᠦ᠍ ᠭᠡᠳ ᠶᠠᠭᠤ ᠪᠠᠢᠬᠤ ᠪᠢᠯᠡ᠃ ᠪᠠᠶᠠᠷᠯᠠᠬᠤ ᠳᠤ ᠪᠠᠨ ᠢᠯᠡᠭᠦᠦ ᠬᠣᠶᠠᠷ ᠦᠭᠡ ᠬᠡᠯᠡᠨ ᠬᠤᠨᠳᠠᠭ᠎ᠠ ᠡᠷᠭᠦᠭᠰᠡᠨ ᠲᠡᠳᠦᠢ ᠯᠡ᠃ ᠠᠷᠠᠢ ᠠᠮᠢ ᠲᠠᠢ ᠬᠡᠯᠡᠯᠴᠡᠬᠦ ᠬᠡᠮᠵᠢᠶᠡᠨ ᠳ᠋ᠦ᠍ ᠬᠦᠷᠦᠭᠡ ᠦᠭᠡᠢ ᠪᠢᠵᠡ! ᠢᠩᠭᠢᠵᠦ ᠪᠣᠳᠣᠬᠤ ᠲᠣᠰᠤᠮ ᠦᠵᠡᠰᠬᠦᠯᠡᠩ ᠦ᠋ᠨ ᠰᠡᠳᠬᠢᠯ ᠳ᠋ᠦ᠍ ᠪᠣᠯᠤᠷᠴᠠᠭᠠᠨ ᠢ᠋ ᠠᠭᠤᠴᠢᠯᠠᠨ ᠠᠭᠤᠯᠬᠤ ᠣᠷᠣᠨ ᠵᠠᠢ ᠬᠠᠰᠤᠭᠳᠠᠨ ᠬᠠᠰᠤᠭᠳᠠᠭᠰᠠᠭᠠᠷ ᠪᠠᠢᠯ᠎ᠠ᠃
ᠢᠩᠭᠢᠭᠡᠳ ᠶᠠᠪᠤᠭ᠎ᠠ ᠶᠠᠪᠤᠭᠠᠨ ᠳᠤ ᠪᠠᠨ ᠦᠵᠡᠰᠬᠦᠯᠡᠩ ᠦ᠋ᠨ ᠦᠭᠡ ᠠᠶᠠᠯᠭᠤ ᠨᠢ ᠬᠡᠭᠵᠢᠭᠦᠨ ᠪᠣᠯᠵᠤ ᠭᠡᠷ ᠦ᠋ᠨ ᠠᠵᠢᠯ ᠳ᠋ᠤ᠌ ᠭᠠᠷ ᠲᠥᠷᠥᠬᠦ ᠨᠢ ᠳᠤᠲᠠᠭᠤ ᠪᠣᠯᠤᠭᠰᠠᠨ ᠳ᠋ᠤ᠌᠂ ᠪᠣᠯᠤᠷᠴᠠᠭᠠᠨ ᠠᠷᠭ᠎ᠠ ᠦᠭᠡᠢᠳᠡᠬᠦ ᠳᠦ ᠪᠡᠨ ᠪᠤᠳᠠᠭ᠎ᠠ ᠬᠣᠭᠣᠯᠠ ᠪᠠᠨ ᠥᠪᠡᠰᠦᠪᠡᠨ ᠴᠢᠨᠠᠵᠤ᠂ ᠪᠤᠵᠠᠷ ᠬᠤᠪᠴᠠᠰᠤ ᠪᠠᠨ ᠥᠪᠡᠷ ᠢ᠋ᠶ᠋ᠡᠨ ᠤᠬᠢᠶᠠᠬᠤ ᠪᠣᠯᠵᠠᠢ᠃
ᠡᠨᠡ ᠦᠶ᠎ᠡ ᠳ᠋ᠦ᠍ ᠪᠣᠯᠤᠷᠴᠠᠭᠠᠨ ᠳᠠᠬᠢᠭᠠᠳ ᠢᠷᠭᠡᠨ ᠦ᠌ ᠵᠠᠷᠭᠤ ᠶ᠋ᠢᠨ ᠪᠠᠢᠭᠤᠯᠭ᠎ᠠ ᠪᠠᠷ ᠬᠦᠷᠴᠦ᠂ ᠤᠷᠤᠭ ᠰᠠᠯᠬᠤ ᠭᠡᠰᠡᠨ ᠪᠣᠯ ᠦᠵᠡᠰᠬᠦᠯᠡᠩ ᠡᠷᠡᠭᠡᠯᠵᠡᠭᠡ ᠦᠭᠡᠢ ᠵᠥᠪᠰᠢᠶᠡᠷᠡᠬᠦ ᠳ᠋ᠦ᠍ ᠪᠡᠯᠡᠬᠡᠨ ᠪᠠᠢᠪᠠ᠃
ᠭᠡᠲᠡᠯ᠎ᠡ ᠡᠨᠡ ᠬᠣᠶᠠᠷ ᠥᠷᠭᠡᠰᠦ ᠲᠡᠢ ᠦᠭᠡ ᠰᠣᠯᠢᠯᠴᠠᠨ ᠡᠪ ᠨᠠᠢᠷ ᠦᠭᠡᠢ ᠣᠪᠣᠷ ᠢ᠋ᠶ᠋ᠠᠷ ᠬᠠᠨᠳᠤᠯᠴᠠᠬᠤ ᠠ᠋ᠴᠠ ᠪᠢᠰᠢ ᠬᠡᠳᠦᠨ ᠭᠠᠷᠠᠭ ᠥᠩᠭᠡᠷᠡᠲᠡᠯ᠎ᠡ ᠬᠡᠨ ᠨᠢ ᠴᠦ᠍ ᠤᠷᠤᠭ ᠰᠠᠯᠬᠤ ᠱᠠᠭᠠᠷᠳᠠᠯᠭ᠎ᠠ ᠳᠤᠷᠠᠳᠤᠭᠰᠠᠨ ᠦᠭᠡᠢ᠃
ᠡᠢᠮᠦ ᠠᠭᠤᠷ ᠠᠮᠢᠰᠬᠤᠯ ᠤ᠋ᠨ ᠳᠤᠮᠳᠠ ᠪᠠᠰᠠ ᠨᠢᠭᠡ ᠤᠳᠠᠭ᠎ᠠ ᠵᠣᠳᠣᠭᠠᠨ ᠡᠭᠦᠰᠦᠭᠰᠡᠨ ᠨᠢ᠂ ᠦᠵᠡᠰᠬᠦᠯᠡᠩ ᠦ᠋ᠨ ᠶᠢᠷᠲᠢᠨᠴᠦ ᠡᠴᠡ ᠠᠩᠭᠢᠵᠢᠷᠠᠬᠤ ᠶ᠋ᠢᠨ ᠡᠮᠦᠨᠡᠬᠢ ᠳᠣᠬᠢᠶ᠎ᠠ ᠪᠣᠯᠬᠤ ᠶ᠋ᠢ ᠶᠡᠷᠦ ᠮᠡᠳᠡᠭᠰᠡᠨ ᠦᠭᠡᠢ᠃
ᠲᠡᠳᠡᠭᠡᠷ ᠡᠳᠦᠷ ᠦ᠋ᠳ ᠲᠦ᠍ ᠪᠣᠯᠤᠷᠴᠠᠭᠠᠨ ᠳ᠋ᠤ᠌ ᠳᠠᠪᠬᠤᠷ ᠪᠤᠬᠢᠨᠢᠳᠤᠯ ᠲᠤᠯᠭᠠᠷᠠᠪᠠ᠃
ᠪᠣᠯᠤᠷᠴᠠᠭᠠᠨ ᠤ᠋ ᠭᠡᠷ ᠦ᠋ᠨ ᠵᠢᠭᠤᠷᠠᠭᠠᠨ ᠨᠢ ᠨᠠᠮᠬᠠᠷᠠᠭᠠᠳᠤᠢ ᠪᠠᠢᠲᠠᠯ᠎ᠠ ᠨᠤᠲᠤᠭ ᠠ᠋ᠴᠠ ᠨᠢ ᠴᠢᠮᠡᠭᠡ ᠢᠷᠡᠵᠦ᠂ ᠠᠬᠠᠰᠢᠷᠠᠭ᠎ᠠ ᠠᠪᠤ ᠨᠢ ᠬᠦᠨᠳᠦ ᠡᠪᠡᠳᠴᠢᠯᠡᠭᠰᠡᠨ ᠢ᠋ ᠮᠡᠳᠡᠭᠳᠡᠵᠦ ᠵᠣᠭᠣᠰ ᠭᠤᠪᠢᠭᠤᠯᠬᠤ ᠶ᠋ᠢ ᠲᠤᠯᠭᠠᠮ ᠱᠠᠭᠠᠷᠳᠠᠵᠠᠢ᠃
ᠲᠡᠭᠦᠨ ᠦ᠌ ᠬᠤᠪᠢ ᠳ᠋ᠤ᠌ ᠡᠨᠡ ᠪᠣᠯ ᠲᠦᠯᠬᠢᠵᠦ ᠪᠣᠯᠣᠰᠢ ᠦᠭᠡᠢ ᠬᠠᠷᠢᠭᠤᠴᠠᠯᠭ᠎ᠠ ᠪᠠᠢᠭᠰᠠᠨ᠃
ᠲᠡᠷᠡ ᠥᠪᠡᠷ ᠢ᠋ᠶ᠋ᠡᠨ ᠣᠴᠢᠵᠤ ᠠᠪᠤ ᠪᠠᠨ ᠦᠵᠡᠵᠦ ᠠᠮᠵᠢᠬᠤ ᠦᠭᠡᠢ ᠴᠦ᠍ ᠠᠵᠤ ᠠᠬᠤᠢ ᠶ᠋ᠢᠨ ᠲᠠᠯ᠎ᠠ ᠪᠠᠷ ᠡᠷᠬᠡᠪᠰᠢ ᠲᠤᠰᠠ ᠳᠠᠮ ᠪᠣᠯᠪᠠᠯ ᠵᠣᠬᠢᠬᠤ ᠶᠤᠮ᠃
ᠭᠡᠲᠡᠯ᠎ᠡ ᠡᠴᠢᠨᠡᠭᠡᠨ ᠵᠢᠯ ᠦ᠋ᠨ ᠲᠤᠷᠰᠢ ᠲᠡᠭᠦᠨ ᠦ᠌ ᠣᠯᠭᠣᠮᠵᠢ ᠬᠦᠷᠲᠡᠭᠡᠯ ᠳᠠᠩᠴᠤ ᠳᠣᠣᠷ᠎ᠠ ᠪᠠᠢᠭᠰᠠᠨ ᠲᠤᠯᠠ ᠬᠠᠳᠠᠭᠠᠯᠠᠵᠤ ᠬᠤᠷᠢᠶᠠᠭᠰᠠᠨ ᠪᠡᠯᠡᠨ ᠢᠮᠡᠷᠦᠯᠭᠡ ᠪᠡᠷ ᠳᠡᠮᠡᠢ ᠯᠡ ᠪᠠᠢᠵᠠᠢ᠃
ᠠᠯᠪᠠ ᠶ᠋ᠢᠨ ᠭᠠᠵᠠᠷ ᠠ᠋ᠴᠠ ᠬᠡᠳᠦᠨ ᠵᠠᠭᠤ ᠮᠢᠩᠭ᠎ᠠ ᠪᠠᠷ ᠵᠢᠭᠡᠯᠡᠨ᠎ᠡ ᠭᠡᠵᠦ ᠠᠩᠭᠠᠢᠭᠰᠠᠨ ᠴᠦ᠍ ᠬᠠᠢᠷᠠᠨ ᠠᠮᠠ ᠪᠤᠵᠠᠷᠲᠤᠭᠰᠠᠨ ᠬᠡᠷᠡᠭ ᠭᠡᠵᠦ ᠪᠣᠳᠣᠬᠤ ᠳ᠋ᠠᠭᠠᠨ ᠲᠦᠮᠡᠨᠨᠠᠰᠤᠲᠤ ᠳ᠋ᠠᠬᠢ ᠠᠮᠢᠳᠤᠷᠠᠯ ᠢ᠋ᠶ᠋ᠠᠷ ᠡᠯᠪᠡᠭ ᠰᠢᠭ ᠲᠠᠨᠢᠯ ᠬᠥᠮᠦᠰ ᠢ᠋ᠶ᠋ᠡᠨ ᠳᠠᠷᠠᠭᠠᠯᠠᠵᠤ ᠠᠯᠠᠭ᠎ᠠ ᠲᠣᠰᠴᠤ ᠦᠵᠡᠯ᠎ᠡ᠃
ᠤᠷᠤᠭᠤᠳᠠᠯ ᠤ᠋ᠨ ᠦᠶ᠎ᠡ ᠳ᠋ᠦ᠍ ᠮᠤᠬᠤᠷ ᠵᠠᠮ ᠤ᠋ᠳ ᠪᠦᠷ ᠢᠩᠭᠢᠵᠦ ᠬᠣᠣᠰᠯᠠᠨ ᠲᠤᠯᠭᠠᠷᠠᠳᠠᠭ ᠪᠠᠢᠨ᠎ᠠ᠃ ᠵᠢᠯ ᠴᠠᠭᠠᠨ ᠰᠠᠷ᠎ᠠ ᠣᠢᠷᠠᠲᠤᠭᠰᠠᠨ ᠪᠣᠯᠬᠣᠷ ᠪᠦᠷ ᠯᠡ ᠬᠣᠷᠢ ᠭᠤᠴᠢ ᠶ᠋ᠢᠨ ᠬᠢᠷᠢ ᠪᠣᠯ ᠶᠠᠭᠠᠬᠢᠬᠤ ᠪᠣᠢ ᠳᠠ ᠭᠡᠬᠦ ᠡᠴᠡ ᠪᠢᠰᠢ ᠬᠣᠶᠠᠷ ᠭᠤᠷᠪᠠᠨ ᠵᠠᠭᠤ ᠶ᠋ᠢ ᠪᠣᠯ ᠠᠮᠠᠯᠠᠬᠤ ᠬᠥᠮᠦᠨ ᠦᠭᠡᠢ ᠪᠠᠢᠯ᠎ᠠ᠃
ᠠᠪᠤ ᠶ᠋ᠢᠨ ᠢ᠋ᠶ᠋ᠡᠨ ᠡᠪᠡᠳᠴᠢᠨ ᠳ᠋ᠦ᠍ ᠵᠣᠪᠠᠨ᠂ ᠵᠣᠭᠣᠰᠤᠨ ᠤ᠋ ᠤᠴᠢᠷ ᠲᠤ᠌ ᠰᠠᠨᠠᠭᠠᠰᠢᠷᠠᠨ ᠪᠠᠢᠭᠰᠠᠨ ᠡᠳᠦᠷ ᠦ᠋ᠳ ᠲᠦ᠍ ᠪᠣᠯᠤᠷᠴᠠᠭᠠᠨ ᠶᠠᠭᠠᠬᠢᠬᠤ ᠶ᠋ᠢᠨ ᠠᠷᠭ᠎ᠠ ᠦᠭᠡᠢ ᠪᠤᠬᠢᠨᠢᠳᠤᠵᠤ ᠪᠠᠢᠵᠠᠢ᠃
ᠨᠢᠭᠡ ᠦᠳᠡ ᠳ᠋ᠦ᠍᠂ ᠬᠡᠴᠢᠨᠡᠭᠡᠨ ᠬᠣᠨᠣᠭ ᠤ᠋ᠨ ᠲᠤᠷᠰᠢ ᠣᠢᠰᠢᠶᠠᠬᠤ ᠴᠦ᠍ ᠦᠭᠡᠢ᠂ ᠳᠤᠤᠭᠠᠷᠬᠤ ᠴᠦ᠍ ᠦᠭᠡᠢ ᠰᠠᠭᠤᠵᠤ ᠪᠠᠢᠭᠰᠠᠨ ᠦᠵᠡᠰᠬᠦᠯᠡᠩ᠂ ᠲᠡᠭᠦᠨ ᠦ᠌ ᠠᠷᠭ᠎ᠠ ᠪᠠᠨ ᠪᠠᠷᠠᠭᠰᠠᠨ ᠴᠢᠷᠠᠢ ᠶ᠋ᠢ ᠦᠯᠦ ᠲᠣᠭᠣᠮᠰᠠᠷᠯᠠᠬᠤ ᠨᠢᠳᠦ ᠪᠡᠷ ᠤᠳᠠᠲᠠᠯ᠎ᠠ ᠬᠠᠷᠠᠭᠠᠳ᠄
— ᠴᠢ ᠬᠡᠳᠦᠢᠪᠡᠷ ᠵᠣᠷᠢᠭ ᠰᠢᠭᠤᠳᠤᠨ ᠤᠷᠤᠭ ᠰᠠᠯᠬᠤ ᠭᠤᠶᠤᠴᠢᠯᠠᠯ ᠢ᠋ᠶ᠋ᠠᠨ ᠭᠠᠷᠭᠠᠭᠰᠠᠨ ᠪᠣᠯᠪᠠᠴᠤ ᠰᠠᠯᠬᠤ ᠭᠠᠷ ᠭᠦᠢᠴᠡᠳᠬᠡᠯ ᠬᠢᠭᠡᠳᠦᠢ ᠲᠤᠯᠠ ᠪᠢᠳᠡ ᠬᠠᠰᠢ ᠯᠠ ᠡᠷ᠎ᠡ ᠡᠮ᠎ᠡ ᠰᠢᠳᠡ᠃ ᠶᠡᠷᠦ ᠶ᠋ᠢᠨ ᠦᠭᠡᠨ ᠳ᠋ᠦ᠍᠂ ᠭᠠᠭᠴᠠ ᠰᠥᠨᠢ ᠶ᠋ᠢᠨ ᠡᠷ᠎ᠡ ᠡᠮ᠎ᠡ ᠬᠠᠭᠠᠰ ᠨᠠᠰᠤᠨ ᠤ᠋ ᠡᠨᠡᠷᠢᠯ ᠲᠡᠢ ᠭᠡᠳᠡᠭ ᠪᠢᠰᠢ ᠤᠤ? ᠪᠢᠳᠡ ᠬᠣᠶᠠᠭᠤᠯᠠ ᠡᠷ᠎ᠡ ᠡᠮ᠎ᠡ ᠪᠣᠯᠤᠭᠠᠳ ᠠᠷᠪᠠᠨ ᠬᠡᠳᠦᠨ ᠵᠢᠯ ᠠᠮᠢᠳᠤᠷᠠᠭᠰᠠᠨ ᠶᠤᠮ ᠴᠢᠨᠢ ᠶᠠᠭᠠᠬᠢᠯ᠎ᠠ ᠭᠡᠳ ᠨᠢᠭᠡ ᠨᠢᠭᠡ ᠪᠡᠨ ᠡᠳᠦᠢ ᠲᠡᠳᠦᠢ ᠡᠨᠡᠷᠢᠵᠦ ᠡᠪᠡᠳᠬᠦ ᠰᠡᠳᠬᠢᠯ ᠪᠠᠢᠯ ᠦᠭᠡᠢ᠃
ᠵᠣᠭᠣᠰ ᠢ᠋ᠶ᠋ᠠᠷ ᠭᠠᠴᠢᠭᠳᠠᠵᠤ ᠰᠠᠨᠳᠤᠷᠴᠤ ᠪᠠᠢᠬᠤ ᠶ᠋ᠢ ᠴᠢᠨᠢ ᠪᠢ ᠦᠵᠡᠭᠡᠳ ᠦᠨᠡᠬᠡᠷ ᠲᠡᠰᠴᠦ ᠴᠢᠳᠠᠬᠤ ᠦᠭᠡᠢ ᠪᠠᠢᠨ᠎ᠠ ᠭᠡᠳ ᠠᠪᠳᠠᠷ᠎ᠠ ᠪᠠᠨ ᠱᠠᠯᠠᠪᠬᠠᠨ ᠨᠡᠭᠡᠭᠡᠨ ᠬᠣᠶᠠᠷ ᠪᠠᠭᠯᠠᠭ᠎ᠠ ᠵᠣᠭᠣᠰ ᠢ᠋ ᠪᠣᠯᠤᠷᠴᠠᠭᠠᠨ ᠤ᠋ ᠡᠮᠦᠨ᠎ᠡ ᠭᠠᠷᠭᠠᠭᠠᠳ ᠲᠠᠯᠪᠢᠴᠢᠬᠠᠯ᠎ᠠ᠃ ᠨᠢᠭᠡ ᠪᠠᠭᠯᠠᠭ᠎ᠠ ᠨᠢ ᠨᠠᠭᠠᠳᠤ ᠵᠠᠬ᠎ᠠ ᠳᠤ ᠪᠠᠨ ᠳᠣᠯᠣᠭ᠎ᠠ ᠨᠠᠢ᠍ᠮᠠᠨ ᠵᠠᠭᠤᠨ ᠲᠥᠭᠥᠷᠢᠭ ᠯᠠᠪ ᠪᠠᠢᠨ᠎ᠠ᠃ ᠬᠡᠷᠪᠡ ᠡᠳᠦᠢ ᠴᠢᠨᠡᠭᠡᠨ ᠵᠣᠭᠣᠰ ᠣᠯᠤᠭᠠᠳ ᠠᠪᠤᠪᠠᠯ ᠬᠠᠮᠤᠭ ᠠᠰᠠᠭᠤᠳᠠᠯ ᠢ᠋ ᠪᠦᠷ ᠰᠢᠢᠳᠪᠦᠷᠢᠯᠡᠴᠢᠬᠡᠬᠦ ᠨᠢ ᠲᠡᠷᠡ᠃
ᠭᠱᠡᠨ ᠵᠠᠭᠤᠷ᠎ᠠ ᠲᠡᠷᠡ ᠶᠠᠭᠤ ᠬᠡᠯᠡᠬᠦ ᠪᠡᠨ ᠣᠯᠵᠤ ᠶᠠᠳᠠᠪᠠ᠃
ᠭᠡᠲᠡᠯ᠎ᠡ ᠡᠳᠦᠢ ᠠᠷᠪᠢᠨ ᠵᠣᠭᠣᠰᠤᠨ ᠤ᠋ ᠢᠷᠡᠯᠲᠡ ᠶ᠋ᠢ ᠪᠣᠳᠣᠨ ᠪᠣᠳᠣᠭᠰᠠᠭᠠᠷ ᠰᠡᠵᠢᠭ ᠲᠠᠭᠠᠮᠠᠭᠯᠠᠯ ᠨᠢ ᠶᠡᠬᠡᠳᠬᠦ ᠳ᠋ᠦ᠍ ᠪᠣᠯᠤᠷᠴᠠᠭᠠᠨ ᠤ᠋ ᠠᠭᠤᠷ ᠨᠢ ᠪᠠᠳᠠᠷᠠᠵᠤ᠄
— ᠡᠢᠮᠦ ᠠᠷᠪᠢᠨ ᠵᠣᠭᠣᠰ ᠬᠠᠮᠢᠭ᠎ᠠ ᠠ᠋ᠴᠠ ᠢᠷᠡᠭᠰᠡᠨ ᠪᠣᠢ? ᠪᠦᠷ ᠪᠤᠷᠲᠠᠭ ᠳᠦᠭᠦᠷᠦᠭᠰᠡᠨ ᠵᠣᠭᠣᠰ᠁ ᠴᠢ ᠮᠢᠨᠦ ᠬᠦᠴᠢᠷᠳᠡᠯ ᠢ᠋ ᠨᠠᠭᠠᠳᠤᠮ ᠱᠣᠭ ᠪᠣᠯᠭᠠᠵᠤ ᠪᠠᠢᠨ᠎ᠠ ᠤᠤ? ᠭᠡᠵᠦ ᠠᠭᠰᠤᠷᠪᠠ᠃ ᠦᠵᠡᠰᠬᠦᠯᠡᠩ ᠵᠢᠭᠠᠬᠠᠨ ᠴᠦ᠍ ᠠᠶᠤᠵᠤ ᠡᠮᠢᠶᠡᠯ ᠦᠭᠡᠢ ᠪᠡᠷ ᠡᠮᠦᠨ᠎ᠡ ᠡᠴᠡ ᠨᠢ ᠬᠦᠢᠲᠡᠨ ᠢ᠋ᠶ᠋ᠡᠷ ᠢᠨᠢᠶᠡᠨ᠄
— ᠪᠣᠯᠤᠷᠴᠠᠭᠠᠨ ᠴᠢ ᠰᠠᠨᠠᠭ᠎ᠠ ᠠᠮᠤᠷ ᠪᠠᠢ᠃ ᠶᠠᠯ᠎ᠠ ᠳ᠋ᠤ᠌ ᠣᠷᠣᠭᠰᠠᠨ ᠴᠦ᠍ ᠪᠢ ᠥᠪᠡᠷ ᠢ᠋ᠶ᠋ᠡᠨ ᠡᠭᠦᠷᠦᠨ᠎ᠡ᠃ ᠴᠢᠮ᠎ᠠ ᠳ᠋ᠤ᠌ ᠬᠠᠮᠢᠶ᠎ᠠ ᠦᠭᠡᠢ᠃ ᠴᠢ ᠬᠡᠳᠦᠨ ᠡᠳᠦᠷ ᠤᠷᠤᠭᠤ ᠴᠢᠷᠠᠢᠯᠠᠨ ᠤᠨᠲᠠᠵᠤ ᠢᠳᠡᠵᠦ ᠣᠷᠣᠬᠤ ᠦᠭᠡᠢ ᠭᠦᠶᠦᠯ᠎ᠡ ᠭᠡᠳ ᠴᠡᠪᠡᠷ ᠭᠡᠰᠡᠨ ᠵᠣᠭᠣᠰ ᠢ᠋ᠶ᠋ᠠᠨ ᠣᠯᠵᠤ ᠳᠡᠢᠯᠦᠭᠰᠡᠨ ᠦᠭᠡᠢ ᠰᠢᠦ᠃ ᠡᠷᠲᠡᠬᠡᠨ ᠡᠨᠡ ᠡᠮ᠎ᠡ ᠶ᠋ᠢᠨ ᠢ᠋ᠶ᠋ᠡᠨ ᠪᠤᠵᠠᠷ ᠵᠣᠭᠣᠰᠤᠨ ᠳ᠋ᠤ᠌ ᠭᠤᠷᠪᠠ ᠮᠥᠷᠭᠥᠵᠦ ᠠᠪᠤᠭᠠᠳ ᠡᠴᠢᠭᠡ ᠶ᠋ᠢᠨ ᠢ᠋ᠶ᠋ᠡᠨ ᠤᠲᠠᠰᠤᠨ ᠠᠮᠢ ᠶ᠋ᠢ ᠠᠪᠤᠷᠠᠪᠠᠯ ᠪᠠᠰᠠ ᠨᠢᠭᠡ ᠡᠯᠪᠡᠷᠢᠯ ᠪᠢᠰᠢ ᠤᠤ?
ᠦᠵᠡᠰᠬᠦᠯᠡᠩ ᠪᠢ ᠦᠵᠡᠯ ᠰᠠᠨᠠᠭ᠎ᠠ ᠪᠠᠷ ᠢ᠋ᠶ᠋ᠠᠨ ᠡᠷᠬᠢᠮ ᠳᠡᠭᠡᠳᠦ ᠪᠢᠰᠢ ᠴᠦ᠍ ᠬᠥᠮᠦᠨ ᠴᠢᠨᠠᠷ ᠢ᠋ᠶ᠋ᠠᠷ ᠢ᠋ᠶ᠋ᠠᠨ ᠰᠠᠢᠨ ᠭᠡᠳᠡᠭ ᠢ᠋ ᠮᠡᠳᠡᠵᠦ ᠠᠪ᠃ ᠠᠯᠢᠪᠠ ᠬᠡᠷᠡᠭ ᠶᠠᠭᠠᠬᠢᠯ᠎ᠠ ᠭᠡᠵᠦ ᠴᠢᠨᠦ ᠪᠣᠳᠣᠵᠤ ᠰᠠᠨᠠᠭᠰᠠᠨ ᠰᠢᠭ᠋ ᠲᠡᠢᠮᠦ ᠪᠤᠵᠠᠷ ᠪᠣᠯᠬᠢ ᠪᠠᠢᠬᠤ ᠪᠣᠢ? ᠭᠡᠮᠡᠨ ᠦᠭᠡ ᠠᠯᠳᠠᠯ ᠦᠭᠡᠢ ᠤᠷᠤᠰᠬᠠᠬᠤ ᠳᠤ ᠪᠠᠨ ᠬᠡᠭᠵᠢᠭᠦᠨ ᠵᠠᠨᠤᠯᠲᠠᠢ ᠠᠶᠠᠯᠭᠤ ᠳᠠᠭᠠᠯᠳᠤᠭᠤᠯᠵᠤ ᠪᠠᠢᠯ᠎ᠠ᠃ ᠪᠣᠯᠤᠷᠴᠠᠭᠠᠨ ᠨᠡᠭᠡᠷᠡᠨ ᠲᠡᠰᠪᠦᠷᠢᠯᠡᠬᠦᠶ᠎ᠡ ᠪᠡᠷᠬᠡ ᠪᠣᠯᠵᠠᠢ᠃ ᠤᠷᠤᠭᠤᠯ ᠨᠢ ᠬᠡᠳᠦ ᠤᠳᠠᠭ᠎ᠠ ᠴᠡᠴᠡᠷᠬᠢᠯᠡᠭᠡᠳ᠄
— ᠴᠢ᠁ ᠴᠢ᠁ ᠬᠥᠮᠦᠨ ᠢ᠋ ᠳᠠᠩᠴᠤ ᠳᠣᠷᠣᠮᠵᠢᠯᠠᠵᠤ ᠪᠠᠢᠨ᠎ᠠ ᠭᠡᠳ ᠰᠦᠷᠡᠬᠡᠢ ᠬᠡᠳᠦᠨ ᠦᠭᠡ ᠬᠡᠯᠡᠬᠦ ᠭᠡᠰᠡᠨ ᠪᠣᠯᠪᠠᠴᠤ ᠲᠣᠷᠴᠤ ᠲᠡᠭᠡᠭᠯᠡᠭᠡᠳ ᠨᠢᠭᠡ ᠴᠦ᠍ ᠦᠭᠡ ᠬᠡᠯᠡᠵᠦ ᠭᠠᠷᠤᠭᠰᠠᠨ ᠦᠭᠡᠢ᠃ ᠲᠡᠭᠡᠭᠡᠳ ᠠᠭᠤᠷᠯᠠᠵᠤ ᠬᠢᠯᠢᠩᠯᠡᠨ ᠲᠡᠰᠬᠦ ᠠᠯᠳᠠᠷᠠᠬᠤ ᠳᠤ ᠪᠠᠨ ᠪᠠᠢᠳᠠᠭ ᠬᠦᠴᠦ ᠪᠡᠷ ᠢ᠋ᠶ᠋ᠡᠨ ᠦᠵᠡᠰᠬᠦᠯᠡᠩ ᠦ᠋ᠨ ᠬᠥᠯ ᠢ᠋ ᠨᠢᠭᠡ ᠯᠡ ᠢᠰᠬᠦᠯᠪᠡ᠃
— ᠦᠵᠡᠰᠬᠦᠯᠡᠩ ᠮᠠᠭᠤᠬᠠᠢ ᠴᠢᠷᠠᠯᠠᠵᠤ ᠠᠪᠤᠭᠠᠳ ᠭᠠᠵᠠᠷ ᠤᠨᠠᠨ ᠬᠡᠳᠦᠨᠲᠡ ᠥᠩᠬᠦᠷᠢᠳᠦᠭᠡᠳ ᠲᠠᠰᠤᠷᠠᠯ ᠦᠭᠡᠢ ᠶᠣᠣᠯᠠᠨ ᠪᠠᠷᠬᠢᠷᠠᠬᠤ ᠳ᠋ᠤ᠌ ᠠᠢᠯ ᠠᠢᠮᠠᠭ ᠤ᠋ᠨ ᠬᠢᠨ ᠬᠣᠢᠨ᠎ᠠ ᠬᠣᠢᠨ᠎ᠠ ᠠ᠋ᠴᠠ ᠪᠠᠨ ᠰᠢᠬᠠᠯᠳᠤᠨ ᠣᠷᠣᠵᠤ ᠢᠷᠡᠵᠡᠭᠡᠪᠡ᠃
— ᠬᠥᠮᠦᠰ ᠲᠡᠪᠡᠷᠢᠵᠦ ᠲᠤᠯᠤᠨ ᠪᠤᠰᠬᠠᠬᠤ ᠭᠡᠰᠡᠨ ᠪᠣᠯᠪᠠᠴᠤ ᠲᠡᠷᠡ ᠵᠣᠭᠰᠣᠵᠤ ᠴᠢᠳᠠᠭᠰᠠᠨ ᠦᠭᠡᠢ᠃ ᠢᠩᠭᠢᠭᠡᠳ ᠦᠵᠡᠰᠬᠦᠯᠡᠩ ᠦ᠋ᠨ ᠬᠥᠯ ᠨᠢ ᠬᠤᠭᠤᠷᠠᠭᠰᠠᠨ ᠢ᠋ ᠮᠡᠳᠡᠵᠡᠢ᠃
ᠠᠢᠮᠠᠭ ᠰᠠᠭᠤᠪᠠᠯ ᠠᠮᠢ ᠨᠢᠭᠡ ᠭᠡᠭᠴᠢ ᠪᠡᠷ ᠢᠷᠡᠭᠰᠡᠨ ᠤᠯᠤᠰ ᠤ᠋ᠳ ᠦᠵᠡᠰᠬᠦᠯᠡᠩ ᠢ᠋ ᠡᠮᠨᠡᠯᠭᠡ ᠶ᠋ᠢᠨ ᠬᠣᠷᠢᠶᠠᠨ ᠳ᠋ᠤ᠌ ᠠᠪᠴᠤ ᠣᠴᠢᠨ ᠪᠡᠷᠲᠡᠭᠰᠡᠨ ᠶᠠᠰᠤ ᠶ᠋ᠢ ᠨᠢ ᠪᠠᠷᠢᠭᠤᠯᠵᠤ ᠴᠣᠬᠣᠢᠳᠠᠭᠤᠯᠤᠭᠠᠳ ᠭᠡᠷ ᠲᠦ᠋ᠨᠢ ᠬᠦᠷᠭᠡᠵᠦ ᠢᠷᠡᠬᠦ ᠳ᠋ᠦ᠍ ᠪᠣᠯᠤᠷᠴᠠᠭᠠᠨ ᠴᠦ᠍ ᠮᠤᠩᠬᠠᠭ ᠠᠵᠢᠯᠯᠠᠭ᠎ᠠ ᠳᠤ ᠪᠠᠨ ᠶᠡᠬᠡᠳᠡ ᠭᠡᠮᠰᠢᠨ ᠭᠤᠨᠢᠭᠰᠠᠨ ᠪᠣᠯᠤᠯᠲᠠᠢ᠂ ᠦᠵᠡᠰᠬᠦᠯᠡᠩ ᠢ᠋ ᠶᠡᠬᠡ ᠰᠠᠢᠬᠠᠨ ᠰᠤᠪᠢᠯᠠᠵᠤ ᠡᠬᠢᠯᠡᠵᠡᠢ᠃
— ᠭᠡᠲᠡᠯ᠎ᠡ ᠭᠤᠷᠪᠠᠳᠤᠭᠠᠷ ᠡᠳᠦᠷ ᠦ᠋ᠨ ᠬᠢᠨᠢ ᠦᠳᠡ ᠶ᠋ᠢᠨ ᠬᠣᠢᠨ᠎ᠠ ᠶ᠋ᠢᠨ ᠵᠢᠷᠭᠤᠭᠠᠨ ᠴᠠᠭ ᠭᠠᠷᠤᠢ ᠶ᠋ᠢᠨ ᠦᠶ᠎ᠡ ᠳ᠋ᠦ᠍ ᠦᠵᠡᠰᠬᠦᠯᠡᠩ ᠳ᠋ᠦ᠍ ᠬᠣᠣᠷᠲᠤ ᠡᠮ ᠲᠠᠷᠢᠵᠤ ᠠᠯᠠᠭᠰᠠᠨ ᠪᠠᠢᠨ᠎ᠠ᠃
ᠲᠦᠪᠰᠢᠨ ᠦ᠌ ᠬᠣᠶᠠᠳᠠᠬᠢ ᠰᠢᠭᠦᠯᠲᠡ ᠪᠣᠯᠤᠷᠴᠠᠭᠠᠨ ᠳ᠋ᠤ᠌ ᠳᠡᠮᠡᠢ ᠴᠦ᠍ ᠴᠢᠬᠤᠯᠠ ᠦᠭᠡᠢ ᠰᠠᠨᠠᠭᠳᠠᠭᠰᠠᠨ ᠪᠣᠯᠪᠠᠴᠤ ᠶᠠᠷᠢ ᠲᠤᠰᠢᠶ᠎ᠠ ᠭᠡᠵᠦ ᠳᠠᠬᠢᠨ ᠳᠠᠪᠲᠠᠨ ᠱᠠᠭᠠᠷᠳᠠᠭᠠᠳ ᠪᠠᠢᠬᠤᠯᠠᠷ ᠭᠡᠷ ᠪᠦᠯᠢ ᠳᠦ ᠪᠡᠨ ᠪᠣᠯᠤᠭᠰᠠᠨ ᠬᠡᠷᠡᠭ ᠢ᠋ᠶ᠋ᠡᠨ ᠢᠩᠭᠢᠵᠦ ᠲᠤᠰᠢᠶᠠᠵᠠᠢ᠃ ᠶᠠᠷᠢᠵᠤ ᠪᠠᠷᠠᠭᠠᠳ ᠴᠢᠮᠡᠭᠡ ᠦᠭᠡᠢ ᠰᠠᠭᠤᠵᠤ ᠪᠠᠢᠭᠰᠠᠨ ᠪᠣᠯᠤᠷᠴᠠᠭᠠᠨ ᠢ᠋ ᠲᠦᠪᠰᠢᠨ ᠭᠤᠸᠠᠢ ᠨᠡᠯᠢᠶᠡᠳ ᠤᠳᠠᠭᠠᠨ ᠰᠢᠷᠲᠡᠭᠰᠡᠨ ᠢ᠋ᠶ᠋ᠡᠨ᠄
— ᠡᠬᠡᠨᠡᠷ ᠢ᠋ᠶ᠋ᠡᠨ ᠬᠣᠣᠷᠯᠠᠬᠤ ᠠ᠋ᠴᠠ ᠡᠮᠦᠨ᠎ᠡ ᠬᠣᠢᠨ᠎ᠠ ᠴᠢ ᠵᠡᠭᠦᠦ ᠴᠣᠬᠢᠬᠤ ᠪᠠᠭᠠᠵᠢ ᠪᠠᠨ ᠰᠣᠯᠢᠵᠤ ᠥᠩᠭᠡᠷᠡᠪᠡ ᠤᠤ? ᠭᠡᠵᠦ ᠠᠰᠠᠭᠤᠪᠠ᠃
— ᠠᠩᠬ᠎ᠠ ᠲᠠᠯᠪᠢᠵᠤ ᠪᠠᠢᠭᠰᠠ ᠰᠢᠷᠡᠭᠡᠨ ᠳᠡᠭᠡᠷ᠎ᠡ ᠪᠡᠨ ᠲᠠᠯᠪᠢᠭᠰᠠᠨ᠃
— ᠴᠢ ᠠᠷᠢᠭᠤᠳᠬᠠᠯ ᠤ᠋ᠨ ᠰᠫᠢᠷᠲ ᠢ᠋ᠶ᠋ᠡᠨ ᠵᠠᠷᠤᠵᠤ ᠪᠠᠷᠠᠭᠠᠳ ᠬᠠᠮᠢᠭ᠎ᠠ ᠲᠠᠯᠪᠢᠭᠰᠠᠨ ᠪᠣᠢ?
— ᠵᠡᠭᠦᠦ ᠴᠣᠬᠢᠬᠤ ᠪᠠᠭᠠᠵᠢ ᠲᠠᠢ ᠪᠠᠨ ᠴᠣᠭ ᠲᠠᠯᠪᠢᠭᠰᠠᠨ᠃ ᠲᠡᠷᠡ ᠡᠳᠦᠷ ᠪᠢ ᠪᠠᠷᠢᠭᠳᠠᠭᠰᠠᠨ ᠲᠤᠯᠠ ᠰᠡᠭᠦᠯ ᠳ᠋ᠦ᠍ᠨᠢ ᠶᠠᠭᠠᠬᠢᠭᠰᠠᠨ ᠢ᠋ ᠮᠡᠳᠡᠬᠦ ᠦᠭᠡᠢ᠃
— ᠦᠵᠡᠰᠬᠦᠯᠡᠩ ᠢ᠋ ᠦᠬᠦᠳᠡᠭ ᠦᠳᠡ ᠶ᠋ᠢᠨ ᠬᠣᠢᠨ᠎ᠠ ᠴᠢᠮ᠎ᠠ ᠶᠢ ᠠᠵᠢᠯ ᠳᠤ ᠪᠠᠨ ᠭᠠᠷᠬᠤ ᠳ᠋ᠤ᠌ ᠭᠡᠷ ᠲᠦ᠍ ᠴᠢᠨᠢ ᠬᠡᠨ ᠪᠠᠢᠭᠰᠠᠨ ᠪᠣᠢ?
— ᠨᠠᠮ᠎ᠠ ᠶᠢ ᠬᠣᠶᠠᠷ ᠴᠠᠭ ᠲᠤ᠌ ᠠᠵᠢᠯ ᠳᠤ ᠪᠠᠨ ᠭᠠᠷᠬᠤ ᠳ᠋ᠤ᠌ ᠸᠠᠩ ᠯᠠᠨ ᠬᠤᠸᠠ ᠢᠷᠡᠭᠡᠳ ᠦᠵᠡᠰᠬᠦᠯᠡᠩ ᠲᠡᠢ ᠶᠠᠷᠢᠯᠴᠠᠵᠤ ᠪᠠᠢᠭᠰᠠᠨ᠃ ᠨᠠᠮ᠎ᠠ ᠶᠢ ᠲᠠᠪᠤᠨ ᠴᠠᠭ ᠬᠠᠭᠠᠰ ᠲᠤ᠌ ᠢᠷᠡᠬᠦ ᠳ᠋ᠦ᠍ ᠸᠠᠩ ᠯᠠᠨ ᠬᠤᠸᠠ ᠪᠠᠢᠭᠰᠠᠨ ᠦᠭᠡᠢ᠃
— ᠴᠢ ᠡᠬᠡᠨᠡᠷ ᠦ᠋ᠨ ᠢ᠋ᠶ᠋ᠡᠨ ᠥᠭᠭᠦᠭᠰᠡᠨ ᠲᠡᠷᠡ ᠨᠢᠭᠡ ᠪᠦᠯᠦᠭ ᠵᠣᠭᠣᠰ ᠢ᠋ ᠰᠡᠭᠦᠯᠡᠷ ᠨᠢ ᠶᠠᠭᠠᠬᠢᠭᠰᠠᠨ ᠪᠣᠢ?
— ᠲᠡᠷᠡ ᠡᠳᠦᠷ ᠪᠢᠳᠡ ᠬᠣᠶᠠᠭᠤᠯᠠ ᠶ᠋ᠢ ᠬᠣᠷᠢᠵᠤ ᠰᠠᠯᠭᠠᠬᠤ ᠬᠥᠮᠦᠨ ᠣᠷᠣᠵᠤ ᠢᠷᠡᠬᠦ ᠡᠴᠡ ᠡᠮᠦᠨ᠎ᠡ ᠪᠢ ᠲᠡᠷᠡ ᠬᠣᠶᠠᠷ ᠪᠠᠭᠯᠠᠭ᠎ᠠ ᠵᠣᠭᠣᠰ ᠢ᠋ ᠦᠵᠡᠰᠬᠦᠯᠡᠩ ᠦ᠋ᠨ ᠳᠡᠷᠡ ᠶ᠋ᠢᠨ ᠳᠣᠣᠭᠤᠷ ᠴᠢᠬᠢᠵᠦ ᠣᠷᠣᠭᠤᠯᠤᠭᠰᠠᠨ ᠶᠤᠮ᠃ ᠳᠠᠬᠢᠭᠠᠳ ᠪᠢ ᠡᠨᠡ ᠵᠣᠭᠣᠰ ᠢ᠋ ᠣᠯᠵᠤ ᠦᠵᠡᠭᠰᠡᠨ ᠦᠭᠡᠢ ᠂ ᠠᠰᠠᠭᠤᠭᠰᠠᠨ ᠴᠦ᠍ ᠦᠭᠡᠢ᠃ ᠬᠡᠷᠪᠡ ᠪᠠᠢᠪᠠᠯ ᠮᠥᠨ ᠤᠭ ᠣᠷᠣᠨ ᠳᠤ ᠪᠠᠨ ᠪᠠᠢᠬᠤ ᠶᠣᠰᠣᠲᠠᠢ᠃
— ᠴᠢ ᠰᠡᠭᠦᠯᠡᠷ ᠨᠢ ᠠᠪᠤ ᠳᠤ ᠪᠠᠨ ᠵᠣᠭᠣᠰ ᠭᠤᠪᠢᠭᠤᠯᠤᠭᠰᠠᠨ ᠤᠤ?
— ᠦᠭᠡᠢ᠃ ᠭᠤᠶᠤᠵᠤ ᠴᠤᠭᠯᠠᠭᠤᠯᠤᠭᠰᠠᠨ ᠬᠣᠶᠠᠷ ᠭᠤᠷᠪᠠᠨ ᠵᠠᠭᠤᠨ ᠵᠣᠭᠣᠰ ᠢ᠋ᠶ᠋ᠠᠨ ᠪᠢ ᠪᠡᠶ᠎ᠡ ᠳᠦ ᠪᠡᠨ ᠠᠪᠴᠤ ᠬᠣᠷᠢᠭᠤᠯ ᠤ᠋ᠨ ᠭᠠᠵᠠᠷ ᠢᠷᠡᠭᠰᠡᠨ᠃ ᠪᠣᠳᠣᠭᠠᠳ ᠪᠠᠢᠬᠤᠯᠠᠷ ᠪᠢ ᠬᠥᠮᠦᠨ ᠡᠴᠡ ᠵᠢᠭᠡᠯᠡᠭᠰᠡᠨ ᠵᠣᠭᠣᠰ ᠢ᠋ᠶ᠋ᠠᠨ ᠬᠣᠵᠢᠮ ᠪᠤᠴᠠᠭᠠᠵᠤ ᠳᠡᠢᠯᠬᠦ ᠦᠭᠡᠢ ᠮᠠᠶᠢᠭ ᠲᠠᠢ ᠪᠣᠯᠤᠭᠰᠠᠨ ᠲᠤᠯᠠ ᠪᠦᠷ ᠤᠭ ᠡᠵᠡᠨ ᠳ᠋ᠦ᠍ᠨᠢ ᠪᠤᠴᠠᠭᠠᠭᠰᠠᠨ ᠶᠤᠮ᠃
— ᠴᠢ ᠲᠡᠷᠡ᠁ ᠭᠡᠵᠦ ᠬᠥᠬᠡᠲᠤᠯᠢ ᠠᠮᠠ ᠨᠡᠭᠡᠭᠡᠨ ᠶᠠᠮᠠᠷ ᠨᠢᠭᠡᠨ ᠵᠦᠢᠯ ᠢ᠋ ᠨᠡᠬᠡᠮᠵᠢᠯᠡᠨ ᠠᠰᠠᠭᠤᠬᠤ ᠭᠡᠲᠡᠯ᠎ᠡ ᠲᠦᠪᠰᠢᠨ ᠲᠡᠭᠦᠨ ᠦ᠌ ᠵᠦᠭ ᠭᠠᠷ ᠳᠣᠬᠢᠨ ᠶᠠᠷᠢᠬᠤ ᠶ᠋ᠢ ᠨᠢ ᠵᠣᠭᠰᠣᠭᠠᠪᠠ᠃ ᠲᠡᠭᠡᠭᠡᠳ ᠦᠷᠭᠦᠯᠵᠢᠯᠡᠨ᠄
— ᠪᠤᠯᠤᠷᠴᠠᠭᠠᠨ᠂ ᠴᠢ ᠴᠣᠬᠣᠮ ᠡᠬᠡᠨᠡᠷ ᠲᠤ ᠪᠠᠨ ᠬᠡᠳᠦᠢ ᠬᠣᠣᠷᠲᠤ ᠡᠮ ᠲᠠᠷᠢᠭᠰᠠᠨ ᠪᠣᠢ? ᠭᠡᠵᠦ ᠠᠰᠠᠭᠤᠪᠠ᠃
— ᠥᠩᠭᠡᠷᠡᠭᠰᠡᠨ ᠳ᠋ᠦ᠍ ᠪᠢ ᠲᠣᠳᠣᠷᠬᠠᠢ ᠲᠤᠰᠢᠶᠠᠭᠰᠠᠨ ᠰᠢᠲᠠ᠃ Aᠭᠤᠷᠪᠠᠳᠤᠭᠠᠷ᠂ Bᠵᠢᠷᠭᠤᠳᠤᠭᠠᠷ ᠢ᠋ ᠲᠤᠰ ᠪᠦᠷᠢ ᠳᠥᠷᠪᠡᠨ ᠮᠢᠯᠢᠯᠢᠲ᠋ᠷ᠃ ᠨᠠᠢᠳᠠ ᠨᠠᠢ᠍ᠮᠠᠨ ᠮᠢᠯᠢᠯᠢᠲ᠋ᠷ᠃
— ᠭᠡᠲᠡᠯ᠎ᠡ ᠪᠢᠳᠡ ᠡᠮ ᠲᠠᠷᠢᠬᠤ ᠪᠠᠭᠠᠵᠢ ᠠ᠋ᠴᠠ ᠵᠥᠪᠬᠡᠨ ᠳᠥᠷᠪᠡᠨ ᠮᠢᠯᠢᠯᠢᠲ᠋ᠷ ᠲᠠᠷᠢᠭᠰᠠᠨ ᠭᠡᠳᠡᠭ ᠢ᠋ ᠪᠠᠢᠴᠠᠭᠠᠨ ᠭᠠᠷᠭᠠᠭᠰᠠᠨ᠃ ᠡᠭᠦᠨ ᠢ᠋ ᠶᠠᠭᠠᠬᠢᠵᠤ ᠲᠠᠢᠯᠪᠤᠷᠢᠯᠠᠬᠤ ᠪᠣᠢ?
— ᠡᠨᠡ᠁ᠡᠨᠡ᠁
— ᠴᠢ ᠬᠤᠳᠠᠯ ᠬᠡᠯᠡᠵᠦ ᠪᠠᠢᠨ᠎ᠠ᠃
— ᠦᠭᠡᠢ᠂ ᠦᠭᠡᠢ ᠭᠡᠵᠦ ᠪᠣᠯᠤᠷᠴᠠᠭᠠᠨ ᠤᠳᠠᠲᠠᠯ᠎ᠠ ᠲᠣᠯᠣᠭᠠᠢ ᠪᠠᠨ ᠳᠠᠮᠠᠷᠤᠳᠠᠨ ᠰᠠᠵᠢᠭᠠᠳ᠄
— ᠦ᠂ ᠰᠠᠨᠠᠭᠠᠨ ᠳ᠋ᠤ᠌ ᠣᠷᠣᠯ᠎ᠠ᠃ ᠡᠮ ᠲᠠᠷᠢᠬᠤ ᠪᠠᠭᠠᠵᠢ ᠨᠠᠢ᠍ᠮᠠᠨ ᠮᠢᠯᠢᠯᠢᠲ᠋ᠷ ᠪᠠᠭᠲᠠᠬᠤ ᠦᠭᠡᠢ ᠲᠤᠯᠠ ᠪᠢ ᠬᠣᠶᠠᠷ ᠬᠤᠪᠢᠶᠠᠵᠤ ᠳᠥᠷᠪᠡ ᠳᠥᠷᠪᠡᠨ ᠮᠢᠯᠢᠯᠢᠲ᠋ᠷ ᠢ᠋ᠶ᠋ᠡᠷ ᠲᠠᠷᠢᠭᠰᠠᠨ ᠶᠤᠮ᠃
— ᠡᠮ ᠲᠠᠷᠢᠬᠤ ᠪᠠᠭᠠᠵᠢ ᠴᠢᠨᠢ ᠨᠠᠢ᠍ᠮᠠᠨ ᠮᠢᠯᠢᠯᠢᠲ᠋ᠷ ᠡᠮ ᠪᠠᠭᠲᠠᠵᠤ ᠴᠢᠳᠠᠨ᠎ᠠ ᠭᠡᠳᠡᠭ ᠢ᠋ ᠪᠢᠳᠡ ᠲᠤᠷᠰᠢᠵᠤ ᠦᠵᠡᠭᠰᠡᠨ᠃
— ᠶᠠᠭᠤ ᠴᠦ᠍ ᠪᠣᠯᠤᠭᠰᠠᠨ ᠬᠣᠶᠠᠷ ᠤᠳᠠᠭ᠎ᠠ ᠲᠠᠷᠢᠭᠰᠠᠨ ᠨᠢ ᠦᠨᠡᠨ᠃ ᠲᠦᠪᠰᠢᠨ ᠲᠠᠷᠢᠬᠤ ᠪᠠᠭᠠᠵᠢ ᠶ᠋ᠢᠨ ᠪᠠᠭᠲᠠᠭᠠᠮᠵᠢ ᠶ᠋ᠢ ᠲᠡᠭᠦᠨ ᠳ᠋ᠦ᠍ ᠬᠡᠳᠦ ᠡᠷᠲᠡ ᠢᠯᠡᠷᠡᠭᠦᠯᠦᠭᠰᠡᠨ ᠳᠦ ᠪᠡᠨ ᠭᠡᠮᠰᠢᠵᠦ ᠪᠠᠢᠲᠠᠯ᠎ᠠ ᠪᠣᠯᠤᠷᠴᠠᠭᠠᠨ᠄
— ᠲᠢᠩᠬᠢᠮ ᠦ᠋ᠨ ᠳᠠᠷᠤᠭ᠎ᠠ ᠠ᠋᠂ ᠥᠩᠭᠡᠷᠡᠭᠰᠡᠨ ᠳ᠋ᠦ᠍ ᠪᠢ ᠡᠭᠦᠨ ᠢ᠋ ᠮᠠᠷᠲᠠᠵᠤ ᠪᠤᠷᠤᠭᠤ ᠲᠤᠰᠢᠶᠠᠵᠠᠢ᠃ ᠡᠨᠡ ᠤᠳᠠᠭᠠᠨ ᠤ᠋ ᠲᠤᠰᠢᠶᠠᠯᠲᠠ ᠶ᠋ᠢ ᠮᠠᠨᠢ ᠦᠨᠡᠨ ᠮᠠᠭᠠᠳ ᠪᠣᠯᠭᠠᠬᠤ ᠶ᠋ᠢ ᠬᠦᠰᠡᠶ᠎ᠡ᠃
— Aᠭᠤᠷᠪᠠᠳᠤᠭᠠᠷ ᠪᠣᠯ ᠠᠮᠤᠷᠵᠢᠭᠤᠯᠬᠤ ᠡᠮ᠂ ᠭᠡᠲᠡᠯ᠎ᠡ ᠦᠵᠡᠰᠬᠦᠯᠡᠩ ᠳ᠋ᠦ᠍ ᠳᠥᠷᠪᠡᠨ ᠮᠢᠯᠢᠯᠢᠲ᠋ᠷ ᠵᠠᠷᠤᠭᠠᠳ ᠥᠴᠦᠬᠡᠨ ᠴᠦ᠍ ᠠᠮᠤᠷᠵᠢᠵᠤ ᠴᠢᠳᠠᠭᠰᠠᠨ ᠦᠭᠡᠢ ᠮᠥᠷᠲᠡᠭᠡᠨ ᠬᠠᠷᠢᠨ ᠰᠦᠷᠡᠬᠡᠢ ᠪᠠᠷᠬᠢᠷᠠᠵᠤ ᠰᠠᠨᠳᠤᠷᠴᠤ ᠪᠠᠢᠵᠤ ᠦᠬᠦᠭᠰᠡᠨ ᠢ᠋ ᠴᠢ ᠶᠠᠭᠤ ᠭᠡᠵᠦ ᠲᠠᠢᠯᠪᠤᠷᠢᠯᠠᠬᠤ ᠪᠣᠢ?
— ᠡᠮ ᠦ᠋ᠨ ᠬᠡᠮᠵᠢᠶ᠎ᠡ ᠬᠡᠲᠦᠷᠬᠡᠢ ᠶᠡᠬᠡᠳᠡᠭᠰᠡᠨ ᠡᠴᠡ ᠠᠮᠤᠷᠵᠢᠬᠤ ᠶ᠋ᠢᠨ ᠡᠮᠦᠨ᠎ᠡ ᠬᠣᠤᠷᠳᠠᠭᠳᠠᠵᠠᠢ᠃
— ᠲᠤᠷᠰᠢᠯᠲᠠ ᠠ᠋ᠴᠠ ᠦᠵᠡᠪᠡᠯ᠂ ᠳᠥᠷᠪᠡᠨ ᠮᠢᠯᠢᠯᠢᠲ᠋ᠷ ᠵᠠᠷᠤᠭᠰᠠᠨ ᠴᠦ᠍ ᠬᠥᠮᠦᠨ ᠵᠠᠪᠠᠯ ᠭᠤᠷᠪᠠᠨ ᠴᠠᠭ ᠬᠢᠷᠢᠲᠡᠢ ᠠᠮᠤᠷᠵᠢᠭᠠᠳ ᠰᠠᠶᠢ ᠠᠯᠭᠤᠷᠬᠠᠨ ᠦᠬᠦᠳᠡᠭ ᠪᠠᠢᠨ᠎ᠠ᠃ ᠭᠡᠲᠡᠯ᠎ᠡ ᠦᠵᠡᠰᠬᠦᠯᠡᠩ ᠶᠠᠭᠠᠬᠢᠭᠠᠳ ᠡᠢᠮᠦ ᠬᠤᠷᠳᠤᠨ ᠬᠣᠣᠷᠳᠠᠭᠳᠠᠵᠤ ᠦᠬᠦᠭᠰᠡᠨ ᠪᠣᠢ?
— ᠡᠨᠡ᠁ᠡᠨᠡ᠁ ᠪᠣᠳᠣᠬᠤ ᠳ᠋ᠤ᠌ ᠬᠥᠮᠦᠨ ᠬᠥᠮᠦᠨ ᠦ᠌ ᠮᠠᠬᠠᠪᠣᠳ ᠤ᠋ᠨ ᠴᠢᠨᠠᠷ ᠠᠳᠠᠯᠢ ᠦᠭᠡᠢ ᠡᠴᠡ ᠪᠣᠯᠤᠭᠰᠠᠨ ᠪᠠᠢᠬ᠎ᠠ᠃
— ᠴᠢ ᠪᠣᠯ ᠨᠢᠭᠡ ᠮᠡᠷᠭᠡᠵᠢᠯᠲᠡᠢ ᠡᠮᠴᠢ᠃ ᠡᠳᠡᠭᠡᠷ ᠢ᠋ ᠨᠠᠷᠢᠨ ᠪᠣᠳᠣᠯᠬᠢᠯᠠᠵᠤ ᠦᠵᠡᠭᠡᠷᠡᠢ ᠭᠡᠳ ᠲᠦᠪᠰᠢᠨ ᠲᠡᠭᠦᠨ ᠢ᠋ ᠬᠡᠰᠡᠭ ᠰᠢᠷᠳᠡᠭᠰᠡᠨ ᠢ᠋ᠶ᠋ᠡᠨ ᠪᠣᠯᠤᠷᠴᠠᠭᠠᠨ ᠤ᠋ ᠠᠷᠤ ᠳ᠋ᠤ᠌ ᠵᠣᠭᠰᠣᠵᠤ ᠪᠠᠢᠭᠰᠠᠨ ᠴᠠᠭᠳᠠᠭ᠎ᠠ ᠳ᠋ᠤ᠌ ᠶᠠᠯᠠᠲᠠᠨ ᠢ᠋ ᠰᠢᠭᠦᠯᠲᠡ ᠶ᠋ᠢᠨ ᠲᠢᠩᠬᠢᠮ ᠡᠴᠡ ᠠᠪᠴᠤ ᠭᠠᠷᠬᠤ ᠳᠣᠬᠢᠶ᠎ᠠ ᠥᠭᠭᠦᠯ᠎ᠡ᠃
ᠡᠨᠡ ᠤᠳᠠᠭᠠᠨ ᠤ᠋ ᠰᠢᠭᠦᠯᠲᠡ ᠢᠩᠭᠢᠵᠦ ᠲᠡᠭᠦᠰᠬᠦ ᠳ᠋ᠦ᠍ ᠪᠣᠯᠤᠷᠴᠠᠭᠠᠨ ᠳ᠋ᠤ᠌ ᠣᠨᠴᠠᠭᠠᠢ ᠵᠦᠢᠯ ᠣᠭᠲᠣ ᠰᠠᠨᠠᠭᠳᠠᠭᠰᠠᠨ ᠦᠭᠡᠢ᠃
ᠤᠩᠰᠢᠭᠰᠠᠨ ᠨᠢ ᠄ ᠴᠡᠴᠡᠭᠮ᠎ᠡ
