ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠨᠠᠢ᠍ᠮᠠ> Хялгасан дөрөөн дээр – Хасвулаг зохиов <28>
ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠨᠠᠢ᠍ᠮᠠ>
ᠪᠣᠯᠤᠷᠴᠠᠭᠠᠨ ᠬᠣᠶᠠᠳᠠᠬᠢ ᠤᠳᠠᠭ᠎ᠠ ᠢᠯᠡ ᠰᠢᠭᠦᠯᠲᠡ ᠳ᠋ᠦ᠍ ᠭᠠᠷᠤᠭᠰᠠᠨ ᠨᠢ ᠲᠡᠭᠦᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠭᠰᠠᠨ ᠤ᠋ ᠳᠠᠷᠠᠭᠠᠬᠢ ᠳᠥᠷᠪᠡᠨ ᠭᠠᠷᠠᠭ ᠳᠡᠭᠡᠷ᠎ᠡ ᠪᠠᠢᠵᠠᠢ᠃
ᠲᠦᠮᠡᠨᠨᠠᠰᠤᠲᠤ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠤᠷᠢᠳᠴᠢᠯᠠᠨ ᠬᠡᠳᠦᠨ ᠡᠳᠦᠷ ᠨᠠᠷᠢᠨ ᠬᠢᠨᠠᠮᠠᠭᠠᠢ ᠪᠡᠯᠡᠳᠬᠡᠯ ᠲᠣᠬᠢᠷᠠᠭᠤᠯᠤᠯ ᠬᠢᠭᠡᠳ ᠬᠣᠲᠠ ᠶ᠋ᠢᠨ ᠬᠠᠮᠤᠭ ᠶᠡᠬᠡ ᠶᠣᠰᠣᠯᠠᠯ ᠤ᠋ᠨ ᠲᠢᠩᠬᠢᠮ ᠳ᠋ᠦ᠍ ᠰᠢᠭᠦᠯᠲᠡ ᠬᠢᠵᠡᠢ᠃
ᠲᠦᠪᠰᠢᠨ ᠭᠤᠸᠠᠢ ᠪᠡᠶ᠎ᠡ ᠪᠡᠷ ᠢ᠋ᠶ᠋ᠡᠨ ᠢᠯᠡ ᠰᠢᠭᠦᠬᠦ ᠲᠢᠩᠬᠢᠮ ᠦ᠋ᠨ ᠰᠢᠭᠦᠨ ᠲᠠᠰᠤᠯᠤᠭᠴᠢ ᠳᠠᠷᠤᠭ᠎ᠠ ᠪᠠᠷ ᠣᠷᠣᠯᠴᠠᠬᠤ ᠨᠢ ᠣᠷᠴᠢᠮ ᠤ᠋ᠨ ᠬᠣᠶᠠᠷ ᠵᠢᠯ ᠳ᠋ᠦ᠍ ᠬᠣᠪᠣᠷᠬᠠᠨ ᠬᠠᠷᠠᠭᠳᠠᠳᠠᠭ ᠪᠣᠯᠤᠭᠰᠠᠨ᠃
ᠥᠨᠥᠳᠥᠷ ᠲᠡᠷᠡ ᠭᠣᠣᠯ ᠰᠠᠭᠤᠳᠠᠯ ᠳ᠋ᠤ᠌ ᠴᠣᠭ ᠵᠢᠪᠬᠤᠯᠠᠩᠲᠠᠢ ᠪᠠᠷ ᠢᠯᠡᠷᠡᠯ᠎ᠡ᠃
ᠡᠨᠡ ᠬᠡᠷᠡᠭ ᠤᠤᠯ ᠠ᠋ᠴᠠ ᠪᠠᠨ ᠪᠦᠬᠦ ᠬᠣᠲᠠ ᠶ᠋ᠢ ᠳᠣᠩᠰᠣᠯᠭᠠᠨ ᠬᠥᠮᠦᠰ ᠦ᠋ᠨ ᠠᠩᠬᠠᠷᠤᠯ ᠢ᠋ ᠶᠡᠬᠡ ᠲᠠᠲᠠᠵᠤ ᠪᠠᠢᠭᠰᠠᠨ ᠤ᠋ ᠳᠡᠭᠡᠷ᠎ᠡ ᠴᠠᠭᠠᠵᠠ ᠶ᠋ᠢᠨ ᠲᠠᠯᠠᠪᠠᠢ ᠠ᠋ᠴᠠ ᠨᠢᠭᠡ ᠤᠳᠠᠭ᠎ᠠ ᠪᠤᠴᠠᠭᠠᠭᠰᠠᠨ ᠠ᠋ᠴᠠ ᠪᠣᠯᠵᠤ ᠨᠢᠭᠡᠮᠦᠰᠦᠨ ᠠᠯᠳᠠᠷᠰᠢᠭᠰᠠᠨ ᠲᠤᠯᠠ ᠦᠵᠡᠵᠦ ᠰᠣᠨᠣᠰᠬᠤ ᠪᠠᠷ ᠢᠷᠡᠭᠰᠡᠨ ᠬᠥᠮᠦᠰ ᠮᠠᠰᠢ ᠠᠷᠪᠢᠨ ᠪᠣᠯᠵᠠᠢ᠃ ᠳᠡᠭᠡᠷ᠎ᠡ ᠳᠣᠣᠷ᠎ᠠ ᠳᠠᠪᠬᠤᠷ ᠤ᠋ᠨ ᠬᠡᠳᠦᠨ ᠮᠢᠩᠭᠠᠨ ᠰᠠᠭᠤᠳᠠᠯ ᠠ᠋ᠴᠠ ᠨᠢᠭᠡ ᠴᠦ᠍ ᠬᠣᠭᠣᠰᠣᠨ ᠦᠯᠡᠳᠡᠭᠰᠡᠨ ᠦᠭᠡᠢ᠃ ᠡᠭᠦᠳᠡᠨ ᠦ᠌ ᠨᠠᠭᠠᠲᠠᠢ ᠴᠠᠭᠠᠲᠠᠢ᠂ ᠰᠢᠷᠡᠭᠡᠨ ᠦ᠌ ᠬᠣᠭᠣᠷᠣᠨᠳᠣᠬᠢ ᠵᠠᠢ ᠵᠠᠪᠰᠠᠷ ᠢ᠋ᠶ᠋ᠠᠷ ᠴᠦ᠍ ᠬᠥᠮᠦᠰ ᠬᠠᠨᠠᠷᠠᠨ ᠵᠣᠭᠰᠣᠵᠠᠢ᠃
ᠲᠦᠪᠰᠢᠨ ᠬᠠᠤᠯᠢ ᠶᠣᠰᠣᠭᠠᠷ ᠡᠬᠢᠯᠡᠯᠲᠡ᠂ ᠪᠡᠶ᠎ᠡ ᠶ᠋ᠢᠨ ᠪᠠᠢᠴᠠᠭᠠᠯᠲᠠ ᠶ᠋ᠢ ᠥᠩᠭᠡᠷᠡᠭᠡᠵᠦ ᠪᠠᠢᠭᠤᠯᠤᠭᠳᠠᠭᠰᠠᠨ ᠵᠥᠪᠯᠡᠬᠦ ᠲᠢᠩᠬᠢᠮ ᠪᠣᠯᠤᠨ ᠪᠢᠴᠢᠭᠡᠴᠢ ᠨᠠᠷ ᠢ᠋ ᠨᠡᠢᠲᠡᠯᠡᠪᠡ᠃ ᠬᠠᠤᠯᠢ ᠴᠠᠭᠠᠵᠠ ᠶ᠋ᠢᠨ ᠭᠤᠷᠪᠠᠨ ᠪᠠᠢᠭᠤᠯᠭ᠎ᠠ ᠤᠷᠢᠳᠴᠢᠯᠠᠨ ᠶᠠᠷᠢᠯᠴᠠᠭᠠᠳ ᠪᠤᠯᠤᠷᠴᠠᠭᠠᠨ ᠤ᠋ ᠲᠤᠬᠠᠢ ᠠᠷᠠᠳ ᠤ᠋ᠨ ᠪᠠᠢᠴᠠᠭᠠᠬᠤ ᠬᠣᠷᠢᠶᠠᠨ ᠤ᠋ ᠤᠤᠯ ᠠᠯᠪᠠᠨ ᠵᠠᠭᠠᠯᠳᠤᠯᠭ᠎ᠠ ᠶ᠋ᠢ ᠬᠡᠪ ᠢ᠋ᠶ᠋ᠡᠷ ᠨᠢ ᠪᠠᠷᠢᠮᠲᠠᠯᠠᠨ ᠤᠩᠰᠢᠬᠤ ᠪᠠᠷ ᠪᠣᠯᠵᠠᠢ᠃ ᠰᠢᠨ᠎ᠡ ᠪᠡᠷ ᠢᠯᠡᠷᠡᠭᠰᠡᠨ ᠭᠡᠷᠡᠴᠢ ᠪᠠᠷᠢᠮᠲᠠ ᠶ᠋ᠢ ᠲᠢᠩᠬᠢᠮ ᠦ᠋ᠨ ᠪᠠᠢᠴᠠᠭᠠᠬᠤ ᠱᠠᠲᠤ ᠲᠠᠢ ᠬᠠᠷᠢᠴᠠᠭᠤᠯᠤᠨ ᠨᠢᠭᠲᠠᠯᠠᠵᠤ᠂ ᠬᠡᠷᠪᠡ ᠤᠤᠯ ᠬᠡᠷᠡᠭ ᠲᠦ᠍ ᠦᠨᠳᠦᠰᠦᠨ ᠡᠷᠭᠢᠯᠲᠡ ᠬᠤᠪᠢᠷᠠᠯᠲᠠ ᠭᠠᠷᠭᠠᠮᠠᠷ ᠪᠦᠷᠢᠨ ᠲᠡᠭᠦᠯᠳᠡᠷ ᠭᠡᠷᠡᠴᠢ ᠪᠠᠷᠢᠮᠲᠠ ᠲᠠᠢ ᠪᠣᠯᠪᠠᠯ ᠳᠠᠬᠢᠨ ᠬᠠᠤᠯᠢ ᠶ᠋ᠢᠨ ᠶᠣᠰᠣᠭᠠᠷ ᠠᠷᠭ᠎ᠠ ᠬᠡᠮᠵᠢᠶ᠎ᠡ ᠠᠪᠬᠤ ᠪᠠᠷ ᠪᠣᠯᠵᠠᠢ᠃ ᠵᠠᠭᠠᠯᠳᠤᠯᠭ᠎ᠠ ᠶ᠋ᠢᠨ ᠠᠯᠬᠤᠮ ᠥᠩᠭᠡᠷᠡᠵᠦ᠂ ᠰᠢᠭᠦᠬᠦ ᠲᠢᠩᠬᠢᠮ ᠦ᠋ᠨ ᠡᠯ᠎ᠡ ᠪᠠᠢᠴᠠᠭᠠᠯᠲᠠ ᠪᠣᠯᠬᠤ ᠳ᠋ᠤ᠌ ᠪᠣᠯᠤᠷᠴᠠᠭᠠᠨ ᠴᠠᠭᠠᠪᠤᠷᠯᠠᠨ ᠲᠤᠰᠢᠶᠠᠬᠤ ᠪᠣᠯᠤᠯ᠎ᠠ᠃
ᠲᠡᠷᠡ ᠥᠨᠥᠳᠥᠷ ᠪᠠᠰᠠ ᠯᠠ ᠥᠪᠡᠷ ᠦ᠋ᠨ ᠣᠯᠠᠨ ᠤᠳᠠᠭ᠎ᠠ ᠪᠠᠷᠢᠮᠲᠠᠯᠠᠭᠰᠠᠨ ᠠᠮᠠᠨ ᠥᠴᠢᠭ ᠢ᠋ᠶ᠋ᠡᠨ ᠬᠡᠪ ᠢ᠋ᠶ᠋ᠡᠷ ᠨᠢ ᠪᠠᠷᠢᠮᠲᠠᠯᠠᠨ᠄
— ᠦᠵᠡᠰᠬᠦᠯᠡᠩ ᠢ᠋ ᠬᠣᠣᠷᠯᠠᠨ ᠠᠯᠠᠭᠰᠠᠨ ᠮᠢᠨᠦ ᠶᠠᠯ᠎ᠠ ᠨᠢᠭᠦᠯ ᠶᠡᠬᠡ᠂ ᠠᠷᠭ᠎ᠠ ᠪᠠᠰᠢᠷ ᠬᠠᠷ᠎ᠠ ᠬᠣᠣᠷᠲᠠᠢ᠂ ᠲᠡᠷᠡᠴᠢᠯᠡᠨ ᠴᠠᠭᠠᠵᠠ ᠶ᠋ᠢᠨ ᠲᠠᠯᠠᠪᠠᠢ ᠳ᠋ᠤ᠌ ᠬᠤᠳᠠᠯ ᠢ᠋ᠶ᠋ᠠᠷ ᠬᠢᠯᠢᠰ ᠬᠠᠰᠬᠢᠷᠤᠨ ᠵᠠᠰᠠᠭ ᠤ᠋ᠨ ᠭᠠᠵᠠᠷ ᠲᠤ᠌ ᠪᠠᠭ᠎ᠠ ᠪᠤᠰᠤ ᠶᠠᠷᠰᠢᠭ ᠰᠠᠭᠠᠳ ᠤᠴᠠᠷᠠᠭᠤᠯᠵᠠᠢ᠃ ᠨᠠᠳᠠ ᠭᠣᠮᠣᠳᠠᠯ ᠦᠭᠡᠢ᠃ ᠬᠠᠤᠯᠢ ᠶ᠋ᠢᠨ ᠶᠣᠰᠣᠭᠠᠷ ᠳᠠᠬᠢᠨ ᠤᠤᠯ ᠰᠢᠭᠦᠨ ᠲᠠᠰᠤᠯᠤᠯᠲᠠ ᠶ᠋ᠢ ᠬᠡᠷᠡᠭᠵᠢᠭᠦᠯᠬᠦ ᠶ᠋ᠢ ᠬᠦᠯᠢᠶᠡᠨ᠎ᠡ ᠭᠡᠪᠡ᠃
ᠲᠦᠪᠰᠢᠨ ᠬᠣᠶᠠᠷ ᠬᠠᠪᠰᠤᠷᠤᠨ ᠰᠢᠭᠦᠭᠴᠢ ᠲᠡᠢ ᠪᠡᠨ ᠪᠠᠬᠠᠨ ᠶᠠᠷᠢᠯᠴᠠᠭᠠᠳ᠂ ᠨᠢᠭᠡ ᠣᠪᠣᠭ᠎ᠠ ᠭᠡᠷᠡᠴᠢ ᠪᠠᠷᠢᠮᠲᠠ ᠶ᠋ᠢᠨ ᠡᠪᠬᠡᠮᠡᠯ ᠢ᠋ ᠡᠮᠦᠨ᠎ᠡ ᠪᠡᠨ ᠲᠡᠳᠡᠨ ᠠᠪᠴᠢᠷᠠᠵᠤ ᠬᠠᠷᠢᠴᠠᠭᠤᠯᠵᠤ ᠡᠬᠢᠯᠡᠲᠡᠯ᠎ᠡ᠂ ᠭᠡᠨᠡᠳᠲᠡ ᠰᠣᠨᠣᠰᠤᠭᠴᠢᠳ ᠤ᠋ᠨ ᠰᠠᠭᠤᠳᠠᠯ ᠠ᠋ᠴᠠ ᠨᠢᠭᠡ ᠡᠮᠡᠭᠲᠡᠢ ᠪᠣᠰᠴᠤ ᠢᠷᠡᠭᠡᠳ ᠶᠠᠮᠠᠷ ᠴᠦ᠍ ᠡᠷᠡᠭᠡᠯᠵᠡᠯ ᠦᠭᠡᠢ ᠪᠡᠷ ᠰᠢᠭᠤᠳ ᠰᠢᠭᠦᠯᠲᠡ ᠶ᠋ᠢᠨ ᠲᠠᠢᠰᠠ ᠤᠷᠤᠭᠤ ᠴᠢᠭᠯᠡᠨ ᠠᠯᠬᠤᠯ᠎ᠠ᠃
ᠡᠨᠡ ᠡᠮᠡᠭᠲᠡᠢ ᠪᠣᠯ ᠡᠦ ᠹᠧᠩ ᠮᠧᠢ ᠪᠠᠢᠯ᠎ᠠ᠃ ᠡᠦ ᠹᠧᠩ ᠮᠧᠢ ᠶᠡᠷᠦᠳᠡ ᠶ᠋ᠢᠨ ᠬᠢ ᠡᠴᠡ ᠪᠡᠨ ᠢᠯᠡᠭᠦᠦ ᠵᠠᠰᠠᠵᠤ ᠴᠢᠮᠡᠭᠰᠡᠨ ᠡᠴᠡ ᠲᠤᠩ ᠵᠠᠯᠠᠭᠤᠬᠠᠨ ᠬᠠᠷᠠᠭᠳᠠᠨ᠎ᠠ᠃ ᠶᠠᠭᠠᠨ ᠥᠩᠭᠡ ᠶ᠋ᠢᠨ ᠬᠦᠷᠮ᠎ᠡ᠂ ᠱᠤᠭᠤᠮ ᠲᠠᠲᠠᠭᠰᠠᠨ ᠴᠠᠢᠪᠤᠷ ᠥᠮᠥᠳᠥ᠂ ᠥᠨᠳᠥᠷ ᠲᠣᠪᠬᠤ ᠲᠠᠢ ᠬᠦᠷᠡᠩ ᠤᠯᠠᠭᠠᠨ ᠰᠢᠷᠢᠨ ᠱᠠᠬᠠᠢ ᠲᠡᠭᠦᠨ ᠦ᠌ ᠪᠡᠶ᠎ᠡ ᠳ᠋ᠦ᠍ ᠣᠨᠴᠠ ᠵᠣᠬᠢᠴᠠᠵᠠᠢ᠃ ᠨᠢᠳᠦ ᠬᠠᠯᠲᠤᠷᠢᠮ᠎ᠠ ᠵᠤᠵᠠᠭᠠᠨ ᠬᠠᠷ᠎ᠠ ᠦᠰᠦ ᠪᠡᠨ ᠰᠠᠶᠢᠬᠠᠨ ᠤᠬᠢᠶᠠᠵᠤ ᠳᠤᠰᠤᠯᠠᠭᠠᠳ ᠠᠯᠳᠠᠷᠠᠭᠠᠭᠰᠠᠨ ᠪᠣᠯᠤᠯᠲᠠᠢ᠂ ᠭᠣᠣᠯ ᠨᠢᠷᠤᠭᠤ ᠶ᠋ᠢ ᠨᠢ ᠳᠠᠭᠠᠭᠠᠳ ᠬᠠᠷ᠎ᠠ ᠫᠠᠩᠰᠠ ᠨᠠᠮᠢᠷᠠᠵᠤ ᠪᠠᠢᠬᠤ ᠰᠢᠭ᠋ ᠬᠠᠷᠠᠭᠳᠠᠨ᠎ᠠ᠃ ᠲᠣᠯᠣᠭᠠᠢ ᠪᠠᠨ ᠦᠯᠦ ᠮᠡᠳᠡᠭᠬᠡᠨ ᠡᠷᠭᠦᠵᠦ᠂ ᠴᠡᠭᠡᠵᠢᠨ ᠪᠡᠶ᠎ᠡ ᠪᠡᠨ ᠲᠣᠬᠢᠲᠠᠢᠬᠠᠨ ᠲᠦᠷᠢᠰᠬᠢᠵᠦ᠂ ᠬᠤᠷᠳᠤᠨ ᠴᠦ᠍ ᠪᠢᠰᠢ᠂ ᠤᠳᠠᠭᠠᠨ ᠴᠦ᠍ ᠪᠢᠰᠢ ᠪᠠᠷᠤᠭ ᠯᠠ ᠲᠤᠰᠬᠠᠢ ᠪᠣᠯᠪᠠᠰᠤᠷᠠᠯ ᠳᠠᠮᠵᠢᠭᠰᠠᠨ ᠭᠡᠮᠡᠷ ᠱᠣᠪᠣᠭᠣᠷ ᠨᠠᠷᠢᠨ ᠱᠠᠬᠠᠢ ᠶ᠋ᠢᠨ ᠲᠣᠪᠬᠤ ᠪᠠᠨ ᠬᠦᠴᠦᠲᠡᠢᠬᠡᠨ ᠭᠡᠭᠴᠢ ᠭᠢᠰᠬᠢᠯᠡᠨ ᠪᠡᠶ᠎ᠡ ᠶ᠋ᠢᠨ ᠠᠶ᠎ᠠ ᠪᠠᠷ ᠭᠠᠩᠬᠤᠨ ᠠᠯᠬᠤᠯᠠᠨ᠎ᠠ᠃
ᠲᠡᠭᠦᠨ ᠦ᠌ ᠠᠯᠬᠤᠨ ᠶᠠᠪᠤᠬᠤ 《ᠬᠢᠷᠳᠡᠭ᠂ ᠬᠢᠷᠲᠡᠭ》 ᠴᠢᠮᠡᠭᠡ ᠨᠢ ᠬᠥᠮᠦᠰ ᠦ᠋ᠨ ᠠᠩᠬᠠᠷᠤᠯ ᠢ᠋ ᠲᠠᠲᠠᠵᠠᠢ᠃ ᠲᠡᠷᠡ ᠢᠯᠡ ᠰᠢᠭᠦᠯᠲᠡ ᠶ᠋ᠢᠨ ᠲᠠᠢᠰᠠᠨ ᠤ᠋ ᠳᠡᠷᠭᠡᠳᠡ ᠬᠦᠷᠴᠦ ᠢᠷᠡᠨ᠂ ᠳᠠᠯᠠᠪᠴᠢᠯᠠᠨ ᠰᠠᠭᠤᠭᠰᠠᠨ ᠰᠢᠭᠦᠯᠲᠡ ᠶ᠋ᠢᠨ ᠣᠷᠣ ᠳ᠋ᠠᠬᠢ ᠬᠠᠤᠯᠢ ᠴᠠᠭᠠᠵᠠ ᠶ᠋ᠢᠨ ᠠᠵᠢᠯᠲᠠᠳ ᠢ᠋ ᠬᠠᠷ᠎ᠠ ᠴᠠᠭᠠᠨ ᠨᠢ ᠢᠯᠭᠠᠷᠠᠭᠰᠠᠨ ᠲᠣᠮᠣ ᠨᠢᠳᠦ ᠪᠡᠷ ᠢ᠋ᠶ᠋ᠡᠨ ᠨᠢᠭᠡ ᠲᠣᠭᠣᠷᠢᠭᠤᠯᠵᠤ ᠰᠢᠷᠪᠢᠭᠡᠳ ᠵᠣᠷᠢᠭᠤᠳᠠ ᠳᠠᠭᠤ ᠭᠠᠷᠭᠠᠨ ᠬᠣᠶᠠᠷ ᠤᠳᠠᠭ᠎ᠠ ᠬᠣᠭᠣᠯᠠᠢ ᠪᠠᠨ ᠵᠠᠰᠠᠪᠠ᠃
ᠬᠥᠮᠦᠰ ᠦ᠋ᠨ ᠬᠠᠷᠠᠴᠠ ᠡᠦ ᠹᠧᠩ ᠮᠧᠢ ᠶ᠋ᠢᠨ ᠳᠡᠭᠡᠷ᠎ᠡ ᠲᠥᠪᠯᠡᠷᠡᠵᠦ᠂ ᠲᠢᠩᠬᠢᠮ ᠳᠣᠲᠣᠷ᠎ᠠ ᠬᠢᠯᠭᠠᠰᠤ ᠤᠨᠠᠭᠰᠠᠨ ᠴᠦ᠍ ᠰᠣᠨᠣᠰᠳᠠᠮᠠᠷ ᠨᠠᠮ ᠪᠣᠯᠵᠤ᠂ ᠶᠠᠭᠤ ᠶᠠᠷᠢᠬᠤ ᠶ᠋ᠢ ᠨᠢ ᠰᠣᠨᠣᠰᠬᠤ ᠭᠡᠵᠦ ᠴᠢᠬᠢ ᠲᠠᠯᠪᠢᠨ ᠬᠦᠯᠢᠶᠡᠵᠡᠭᠡᠨ᠎ᠡ᠃
ᠡᠦ ᠹᠧᠩ ᠮᠧᠢ ᠲᠦᠪᠰᠢᠨ ᠭᠤᠸᠠᠢ ᠶ᠋ᠢ ᠴᠣᠷᠭᠢᠨ ᠰᠢᠷᠲᠡᠭᠰᠡᠭᠡᠷ᠄
— ᠰᠢᠭᠦᠨ ᠲᠠᠰᠤᠯᠤᠭᠴᠢ ᠳᠠᠷᠤᠭ᠎ᠠ ᠠ᠋ ᠂ ᠪᠣᠯᠤᠷᠴᠠᠭᠠᠨ ᠤ᠋ ᠬᠥᠮᠦᠨ ᠠᠯᠠᠭᠰᠠᠨ ᠬᠡᠷᠡᠭ ᠳᠡᠭᠡᠷ᠎ᠡ ᠪᠢ ᠲᠢᠩᠬᠢᠮ ᠳ᠋ᠦ᠍ ᠭᠠᠷᠴᠤ ᠠᠮᠠᠨ ᠭᠡᠷᠡᠴᠢ ᠬᠢᠬᠦ ᠶ᠋ᠢ ᠬᠦᠰᠡᠵᠦ ᠪᠠᠢᠨ᠎ᠠ᠃
— ᠮᠢᠨᠦ ᠭᠡᠷᠡᠴᠢ ᠲᠤᠰ ᠬᠡᠷᠡᠭ ᠲᠡᠢ ᠰᠢᠭᠤᠳ ᠬᠣᠯᠪᠣᠭᠳᠠᠬᠤ ᠮᠥᠷᠲᠡᠭᠡᠨ ᠬᠡᠷᠪᠡ ᠡᠨᠡ ᠭᠡᠷᠡᠴᠢ ᠦᠭᠡᠢ ᠪᠣᠯ ᠲᠤᠰ ᠡᠷᠡᠭᠦᠦ ᠶ᠋ᠢᠨ ᠬᠡᠷᠡᠭ ᠢ᠋ ᠭᠦᠢᠴᠡᠳ ᠲᠣᠳᠣᠷᠬᠠᠢᠯᠠᠵᠤ ᠴᠢᠳᠠᠬᠤ ᠦᠭᠡᠢ ᠶᠦᠮ᠃ ᠶᠠᠭᠤ ᠴᠦ᠍ ᠪᠣᠯᠤᠭᠰᠠᠨ ᠮᠢᠨᠦ ᠣᠳᠣ ᠪᠠᠷ ᠭᠡᠷᠡᠴᠢ ᠬᠢᠬᠦ ᠶ᠋ᠢ ᠵᠥᠪᠰᠢᠶᠡᠷᠡᠬᠦ ᠪᠣᠯᠪᠠ ᠤᠤ? ᠭᠡᠮᠡᠨ ᠲᠣᠳᠣᠬᠠᠨ ᠳᠠᠭᠤ ᠪᠠᠷ ᠠᠮᠢᠰᠬᠤᠭ᠎ᠠ ᠰᠤᠢᠯᠠᠨ ᠬᠡᠯᠡᠪᠡ᠃
ᠴᠢᠩᠭ᠎ᠠ ᠲᠥᠪᠯᠡᠭᠦᠨ ᠦ᠌ ᠣᠷᠭᠢᠯ ᠭᠡᠮᠡᠷ ᠢᠯᠡ ᠰᠢᠭᠦᠬᠦ ᠲᠢᠩᠬᠢᠮ ᠦ᠋ᠨ ᠨᠠᠮ ᠵᠢᠮ ᠪᠠᠢᠳᠠᠯ ᠡᠦ ᠹᠧᠩ ᠮᠧᠢ ᠶ᠋ᠢᠨ ᠱᠠᠭᠠᠷᠳᠠᠯᠭ᠎ᠠ ᠭᠠᠷᠭᠠᠭᠰᠠᠨ ᠴᠠᠩᠭᠢᠨᠠᠮ᠎ᠠ ᠳᠠᠭᠤᠨ ᠳ᠋ᠤ᠌ ᠡᠪᠳᠡᠭᠳᠡᠯᠡ᠃
ᠲᠢᠩᠬᠢᠮ ᠳᠦᠭᠦᠷᠡᠩ ᠰᠣᠨᠣᠰᠤᠭᠴᠢᠳ ᠠᠪᠠ ᠶ᠋ᠢᠨ ᠫᠤᠤ ᠶ᠋ᠢᠨ ᠳᠠᠭᠤ ᠰᠣᠨᠣᠰᠤᠭᠰᠠᠨ ᠰᠦᠷᠦᠭ ᠵᠡᠭᠡᠷ᠎ᠡ ᠭᠡᠮᠡᠷ ᠰᠣᠴᠢᠰᠬᠢᠨ ᠭᠠᠢᠬᠠᠵᠤ᠂ ᠴᠠᠭᠠᠰᠢ ᠴᠣᠬᠣᠮ ᠶᠠᠭᠤ ᠪᠣᠯᠬᠤ ᠶ᠋ᠢ ᠨᠢ ᠬᠦᠯᠢᠶᠡᠵᠦ ᠶᠠᠳᠠᠨ᠎ᠠ᠃ ᠲᠠᠢᠰᠠᠨ ᠤ᠋ ᠳᠣᠣᠷ᠎ᠠ ᠭᠡᠨᠡᠳᠲᠡ ᠢᠯᠡᠷᠡᠨ ᠭᠡᠷᠡᠴᠢ ᠬᠢᠬᠦ ᠪᠡᠷ ᠱᠠᠭᠠᠷᠳᠠᠯᠭ᠎ᠠ ᠭᠠᠷᠭᠠᠨ ᠵᠣᠭᠰᠣᠵᠤ ᠪᠠᠢᠭ᠎ᠠ ᠡᠦ ᠹᠧᠩ ᠮᠧᠢ ᠶ᠋ᠢ ᠣᠯᠵᠤ ᠬᠠᠷᠠᠭᠰᠠᠨ ᠵᠠᠭᠠᠯᠳᠤᠭᠳᠠᠭᠴᠢ ᠪᠤᠯᠤᠷᠴᠠᠭᠠᠨ ᠤ᠋ ᠴᠢᠷᠠᠢ ᠳᠡᠭᠡᠷ᠎ᠡ ᠳᠦᠷᠰᠦᠯᠡᠬᠦᠶᠡ ᠪᠡᠷᠬᠡ ᠲᠦᠪᠡᠭᠰᠢᠶᠡᠵᠦ ᠬᠠᠯᠠᠰᠢᠷᠠᠭᠰᠠᠨ ᠳᠦᠷᠢ ᠢᠯᠡᠷᠡᠨ᠂ ᠰᠠᠬᠢᠯᠭ᠎ᠠ ᠲᠠᠢ ᠰᠠᠢᠬᠠᠨ ᠲᠥᠪ ᠰᠠᠭᠤᠬᠤ ᠪᠠᠨ ᠮᠠᠷᠲᠠᠨ᠂ ᠲᠣᠯᠣᠭᠠᠢ ᠪᠠᠨ ᠭᠢᠯᠵᠢᠢᠯᠭᠡᠨ ᠮᠡᠯᠡᠷᠡᠨ ᠬᠠᠷᠠᠨ᠎ᠠ᠃
ᠡᠦ ᠹᠧᠩ ᠮᠧᠢ ᠠᠪᠠᠭᠠᠢ ᠰᠢᠭᠦᠬᠦ ᠬᠣᠷᠢᠶᠠᠨ ᠤ᠋ ᠲᠤᠰᠬᠠᠢ ᠬᠠᠮᠠᠭᠠᠯᠠᠯᠲᠠ ᠳ᠋ᠤ᠌ ᠣᠷᠣᠭᠠᠳ ᠭᠠᠷᠠᠭ ᠢᠯᠡᠭᠦᠦ ᠪᠣᠯᠵᠠᠢ᠃ ᠡᠯᠳᠡᠪ ᠦ᠋ᠨ ᠡᠷᠡᠭᠡᠯᠵᠡᠯ ᠪᠤᠳᠤᠯᠢᠶᠠᠨ ᠳ᠋ᠤ᠌ ᠳᠠᠷᠤᠭᠳᠠᠭᠰᠠᠨ ᠡᠨᠡ ᠡᠬᠡᠨᠡᠷ ᠥᠨᠥᠳᠥᠷ ᠪᠣᠯᠤᠷᠴᠠᠭᠠᠨ ᠳ᠋ᠤ᠌ ᠬᠣᠶᠠᠳᠠᠬᠢ ᠤᠳᠠᠭᠠᠨ ᠤ᠋ ᠢᠯᠡ ᠰᠢᠭᠦᠯᠲᠡ ᠬᠢᠬᠦ ᠶ᠋ᠢ ᠰᠣᠨᠣᠰᠤᠭᠠᠳ ᠶᠠᠭᠠᠬᠢᠭᠰᠠᠨ ᠴᠦ᠍ ᠣᠯᠵᠤ ᠰᠣᠨᠣᠰᠬᠤ ᠶ᠋ᠢ ᠭᠤᠶᠤᠴᠢᠯᠠᠵᠠᠢ᠃ ᠡᠨᠡ ᠨᠢ ᠥᠴᠦᠬᠡᠨ ᠴᠦ᠍ ᠪᠣᠯᠤᠭ ᠡᠷᠬᠡ ᠴᠢᠯᠥᠭᠡ ᠲᠡᠢ ᠭᠠᠳᠠᠭᠰᠢ ᠭᠠᠷᠬᠤ ᠶ᠋ᠢ ᠬᠦᠰᠡᠭᠰᠡᠨ ᠲᠡᠳᠦᠢ ᠯᠡ ᠪᠢᠰᠢ᠂ ᠬᠠᠷᠢᠨ ᠴᠠᠭᠠᠨ᠎ᠠ ᠪᠠᠨ ᠥᠪᠡᠷ ᠦ᠋ᠨ ᠭᠡᠰᠡᠨ ᠪᠣᠳᠣᠯ ᠲᠥᠰᠥᠪ ᠲᠡᠢ ᠪᠠᠢᠵᠠᠢ᠃
ᠲᠦᠪᠰᠢᠨ ᠭᠤᠸᠠᠢ ᠴᠦ᠍ ᠤᠤᠯ ᠲᠣᠬᠢᠷᠠᠭᠤᠯᠭ᠎ᠠ ᠳᠤ ᠪᠠᠨ ᠲᠡᠭᠦᠨ ᠢ᠋ ᠡᠨᠳᠡ ᠢᠷᠡᠭᠦᠯᠬᠦ ᠪᠡᠯᠡᠳᠬᠡᠯ ᠲᠡᠢ ᠪᠠᠢᠭᠰᠠᠨ ᠲᠤᠯᠠ ᠡᠦ ᠹᠧᠩ ᠮᠧᠢ ᠶ᠋ᠢᠨ ᠲᠤᠯᠭᠠᠮ᠎ᠠ ᠭᠤᠶᠤᠭᠰᠠᠨ ᠱᠠᠭᠠᠷᠳᠠᠯᠭ᠎ᠠ ᠴᠢᠪ ᠭᠡᠲᠡᠯ᠎ᠡ ᠲᠡᠭᠦᠨ ᠦ᠌ ᠰᠠᠨᠠᠭᠠᠨ ᠳ᠋ᠤ᠌ ᠲᠣᠬᠢᠷᠠᠵᠤ᠂ ᠭᠤᠶᠤᠯᠲᠠ ᠶ᠋ᠢ ᠨᠢ ᠵᠥᠪᠰᠢᠶᠡᠷᠡᠨ᠂ ᠲᠤᠰᠬᠠᠢ ᠬᠥᠮᠦᠨ ᠢ᠋ᠶ᠋ᠡᠷ ᠬᠠᠮᠠᠭᠠᠯᠠᠭᠤᠯᠤᠨ ᠡᠨᠳᠡ ᠢᠷᠡᠭᠦᠯᠦᠭᠰᠡᠨ ᠪᠠᠢᠵᠠᠢ᠃ ᠬᠠᠷᠢᠨ ᠲᠡᠭᠦᠨ ᠢ᠋ ᠬᠠᠤᠯᠢ ᠶ᠋ᠢᠨ ᠲᠢᠩᠬᠢᠮ ᠦ᠋ᠨ ᠳᠠᠷᠤᠭ᠎ᠠ ᠶ᠋ᠢᠨ ᠡᠮᠦᠨ᠎ᠡ ᠬᠦᠷᠴᠦ ᠢᠷᠡᠭᠡᠳ ᠡᠳᠦᠢ ᠲᠡᠳᠦᠢ ᠱᠠᠭᠠᠷᠳᠠᠯᠭ᠎ᠠ ᠭᠤᠶᠤᠴᠢᠯᠠᠯ ᠢ᠋ ᠥᠴᠦᠬᠡᠨ ᠴᠦ᠍ ᠡᠷᠡᠭᠡᠯᠵᠡᠯ ᠦᠭᠡᠢ ᠴᠡᠪᠡᠷᠬᠡᠨ ᠲᠣᠳᠣ ᠠᠶᠠᠯᠭᠤ ᠪᠠᠷ ᠳᠠᠩᠭᠢᠨᠠᠭᠤᠯᠤᠨ ᠶᠠᠷᠢᠬᠤ ᠵᠣᠷᠢᠭ ᠰᠦᠯᠳᠡ ᠲᠡᠢ ᠭᠡᠵᠦ ᠪᠣᠳᠣᠭ᠎ᠠ ᠦᠭᠡᠢ ᠪᠠᠢᠵᠠᠢ᠃
ᠲᠦᠪᠰᠢᠨ ᠭᠤᠸᠠᠢ᠂ ᠡᠦ ᠹᠧᠩ ᠮᠧᠢ ᠶ᠋ᠢ ᠬᠠᠷᠠᠰᠬᠢᠵᠤ ᠠᠪᠤᠭᠠᠳ᠂ ᠳᠡᠷᠭᠡᠳᠡᠬᠢ ᠬᠣᠶᠠᠷ ᠬᠠᠪᠰᠤᠷᠤᠨ ᠰᠢᠭᠦᠭᠴᠢ ᠲᠡᠢ ᠪᠡᠨ ᠲᠣᠯᠣᠭᠠᠢ ᠨᠡᠢᠯᠡᠭᠦᠯᠦᠨ ᠪᠠᠬᠠᠨ ᠵᠥᠪᠳᠡᠯᠴᠡᠭᠰᠡᠨ ᠦ᠌ ᠳᠠᠷᠠᠭ᠎ᠠ᠂ ᠰᠠᠭᠤᠳᠠᠯ ᠳᠤ ᠪᠠᠨ ᠲᠥᠪ ᠰᠠᠭᠤᠭᠠᠳ᠄
— ᠡᠦ ᠹᠧᠩ ᠮᠧᠢ᠂ ᠬᠡᠷᠪᠡ ᠴᠢᠨᠦ ᠭᠡᠷᠡᠴᠢ ᠲᠤᠰ ᠲᠢᠩᠬᠢᠮ ᠦ᠋ᠨ ᠵᠠᠭᠠᠯᠳᠤᠭᠳᠠᠭᠴᠢ ᠪᠣᠯᠤᠷᠴᠠᠭᠠᠨ ᠤ᠋ ᠬᠡᠷᠡᠭ ᠲᠡᠢ ᠰᠢᠭᠤᠳ ᠬᠣᠯᠪᠣᠭ᠎ᠠ ᠲᠠᠢ ᠪᠣᠯ ᠲᠠᠨ ᠤ᠋ ᠲᠢᠩᠬᠢᠮ ᠳ᠋ᠦ᠍ ᠭᠠᠷᠴᠤ ᠭᠡᠷᠡᠴᠢ ᠬᠢᠬᠦ ᠶ᠋ᠢ ᠵᠥᠪᠰᠢᠶᠡᠷᠡᠨ᠎ᠡ᠃ ᠬᠡᠷᠪᠡ ᠬᠤᠳᠠᠯ ᠬᠡᠯᠡᠬᠦ ᠪᠤᠶᠤ ᠬᠠᠭᠤᠷᠮᠠᠭ ᠭᠡᠷᠡᠴᠢ ᠵᠣᠬᠢᠶᠠᠪᠠᠯ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠷᠡᠭᠦᠦ ᠶ᠋ᠢᠨ ᠵᠠᠷᠭᠤ ᠶ᠋ᠢᠨ ᠬᠠᠤᠯᠢ ᠶ᠋ᠢᠨ ᠵᠢᠷᠠᠨ ᠨᠠᠢ᠍ᠮᠠᠳᠤᠭᠠᠷ ᠵᠤᠷᠪᠤᠰ ᠤ᠋ᠨ ᠲᠣᠭᠲᠠᠭᠠᠯ ᠶᠣᠰᠣᠭᠠᠷ ᠬᠠᠤᠯᠢ ᠶ᠋ᠢᠨ ᠬᠠᠷᠢᠭᠤᠴᠠᠯᠭ᠎ᠠ ᠨᠡᠬᠡᠮᠵᠢᠯᠡᠬᠦ ᠪᠣᠯᠤᠨ᠎ᠠ ᠭᠡᠵᠦ ᠬᠡᠯᠡᠵᠦ ᠪᠠᠷᠠᠭᠠᠳ ᠡᠦ ᠹᠧᠩ ᠮᠧᠢ ᠶ᠋ᠢ ᠴᠣᠭᠣᠷᠣᠲᠠᠯ᠎ᠠ ᠰᠢᠷᠳᠡᠨ᠎ᠡ᠃ ᠡᠦ ᠹᠧᠩ ᠮᠧᠢ ᠲᠡᠷᠡ ᠳᠣᠣᠷ᠎ᠠ ᠨᠢ᠄
— ᠲᠠᠯᠠᠷᠬᠠᠯ᠎ᠠ ᠭᠡᠵᠦ ᠲᠣᠯᠣᠭᠠᠢ ᠳᠣᠬᠢᠭᠠᠳ ᠲᠠᠢᠰᠠᠨ ᠳᠡᠭᠡᠷ᠎ᠡ ᠱᠠᠯᠠᠮᠠᠭᠠᠢᠯᠠᠨ ᠭᠠᠷᠴᠤ᠂ ᠭᠡᠷᠡᠴᠢᠯᠡᠭᠴᠢ ᠶ᠋ᠢᠨ ᠰᠠᠭᠤᠳᠠᠯ ᠳᠡᠭᠡᠷ᠎ᠡ ᠣᠴᠢᠵᠤ ᠯᠠᠪᠳᠠᠭᠤᠨ ᠰᠠᠭᠤᠭᠠᠳ ᠮᠢᠺᠷᠣᠹᠣᠨ ᠢ᠋ ᠠᠮᠠᠨ ᠳᠤ ᠪᠠᠨ ᠣᠢᠷᠠᠲᠤᠭᠤᠯᠤᠨ ᠰᠣᠨᠣᠰᠤᠭᠴᠢᠳ ᠤᠷᠤᠭᠤ ᠲᠣᠯᠣᠭᠠᠢ ᠡᠷᠭᠦᠨ ᠤᠳᠠᠭᠠᠬᠠᠨ ᠭᠡᠭᠴᠢ ᠬᠠᠷᠠᠬᠤ ᠨᠢ ᠶᠠᠭ ᠯᠠ ᠡᠷᠳᠡᠮᠲᠡᠨ ᠰᠤᠳᠤᠯᠭᠠᠲᠠᠳ ᠲᠦᠮᠡᠨ ᠦ᠌ ᠴᠤᠭᠯᠠᠭᠠᠨ ᠳᠡᠭᠡᠷ᠎ᠡ ᠰᠤᠳᠤᠯᠭᠠᠨ ᠤ᠋ ᠶᠠᠷᠢᠶ᠎ᠠ ᠲᠠᠯᠪᠢᠬᠤ ᠰᠢᠨᠵᠢᠲᠡᠢ ᠪᠠᠢᠯ᠎ᠠ᠃
ᠲᠦᠪᠰᠢᠨ ᠲᠡᠭᠦᠨ ᠦ᠌ ᠡᠨᠡ ᠬᠦ᠌ ᠶᠡᠷᠦ ᠪᠤᠰᠤ ᠶᠢᠨ ᠴᠢᠮᠡᠭᠯᠡᠯ ᠪᠠ ᠦᠭᠡ ᠶᠠᠷᠢᠬᠤ ᠶ᠋ᠢᠨ ᠡᠮᠦᠨᠡᠬᠢ ᠪᠠᠢᠳᠠᠯ ᠲᠥᠷᠬᠦ ᠶ᠋ᠢ ᠦᠵᠡᠭᠡᠳ᠂ ᠡᠨᠡ ᠡᠮᠡᠭᠲᠡᠢ ᠮᠠᠰᠢ ᠪᠦᠷᠢᠨ ᠲᠡᠭᠦᠯᠳᠡᠷ ᠪᠡᠯᠡᠳᠬᠡᠯ ᠲᠡᠢ᠂ ᠣᠨᠴᠠ ᠵᠣᠷᠢᠯᠭ᠎ᠠ ᠡᠪᠦᠷᠯᠡᠵᠦ ᠢᠷᠡᠭᠰᠡᠨ ᠭᠡᠭᠴᠢ ᠶ᠋ᠢ ᠪᠠᠲᠤᠲᠠᠢ ᠮᠡᠳᠡᠯ᠎ᠡ᠃ ᠲᠡᠭᠦᠨ ᠳ᠋ᠦ᠍ ᠲᠥᠷᠥᠭᠳᠡᠭᠰᠡᠨ ᠣᠯᠠᠨ ᠪᠣᠳᠣᠯ ᠲᠠᠭᠠᠮᠠᠭᠯᠠᠯ ᠡᠦ ᠹᠧᠩ ᠮᠧᠢ ᠶ᠋ᠢᠨ ᠠᠢᠵᠠᠮ ᠴᠣᠬᠢᠯᠭ᠎ᠠ ᠲᠠᠢ ᠶᠠᠷᠢᠶ᠎ᠠ ᠳ᠋ᠤ᠌ ᠲᠠᠰᠤᠯᠤᠭᠳᠠᠪᠠ᠃
— ᠰᠢᠭᠦᠭᠴᠢ ᠳᠠᠷᠤᠭ᠎ᠠ ᠠ᠋᠂ ᠬᠠᠪᠰᠤᠷᠤᠨ ᠰᠢᠭᠦᠭᠴᠢ ᠠᠪᠤᠭᠠᠢ ᠨᠠᠷ ᠠ᠋᠂ ᠦᠨᠡᠨ ᠳᠦ ᠪᠡᠨ ᠪᠢ ᠬᠠᠭᠠᠰ ᠵᠢᠯ ᠦ᠋ᠨ ᠡᠮᠦᠨ᠎ᠡ᠂ ᠥᠭᠡᠷ᠎ᠡ ᠪᠡᠷ ᠬᠡᠯᠡᠪᠡᠯ ᠪᠣᠯᠤᠷᠴᠠᠭᠠᠨ ᠢ᠋ ᠠᠩᠬ᠎ᠠ ᠪᠠᠷᠢᠪᠴᠢᠯᠠᠭᠳᠠᠭᠰᠠᠨ ᠳᠠᠷᠤᠢ ᠳ᠋ᠤ᠌ ᠡᠨᠡ ᠬᠦ᠌ ᠭᠡᠷᠡᠴᠢ ᠬᠢᠪᠡᠯ ᠵᠣᠬᠢᠬᠤ ᠪᠠᠢᠭᠰᠠᠨ ᠶᠤᠮ᠃ ᠭᠡᠲᠡᠯ᠎ᠡ ᠮᠢᠨᠦ ᠠᠶᠤᠮᠠᠲᠠᠭᠠᠢ᠂ ᠠᠮᠢᠨᠴᠢᠷ ᠪᠠ ᠬᠢᠭᠰᠡᠨ ᠬᠡᠷᠡᠭ ᠡᠴᠡ ᠪᠡᠨ ᠰᠦᠷᠳᠡᠭᠰᠡᠨ ᠡᠴᠡ ᠪᠣᠯᠵᠤ ᠶᠠᠯ᠎ᠠ ᠶ᠋ᠢᠨ ᠨᠢᠭᠤᠴᠠ ᠪᠠᠨ ᠡᠳᠦᠭᠡ ᠬᠦᠷᠲᠡᠯ᠎ᠡ ᠬᠡᠯᠡᠭᠰᠡᠨ ᠦᠭᠡᠢ ᠪᠣᠯᠬᠣᠷ ᠬᠠᠮᠢᠶ᠎ᠠ ᠪᠦᠬᠦᠢ ᠬᠠᠤᠯᠢ ᠴᠠᠭᠠᠵᠠ ᠶ᠋ᠢᠨ ᠪᠠᠢᠭᠤᠯᠭ᠎ᠠ ᠳ᠋ᠤ᠌ ᠮᠠᠰᠢ ᠠᠷᠪᠢᠨ ᠶᠠᠷᠰᠢᠭ ᠲᠦᠪᠡᠭ ᠰᠠᠭᠠᠳ ᠬᠠᠷᠰᠢ ᠶ᠋ᠢ ᠪᠣᠢ ᠪᠣᠯᠭᠠᠵᠤ᠂ ᠪᠣᠯᠤᠷᠴᠠᠭᠠᠨ ᠳ᠋ᠤ᠌ ᠬᠢᠯᠢᠰ ᠭᠦᠵᠢᠷ ᠠᠮᠢ ᠨᠠᠰᠤᠨ ᠤ᠋ ᠠᠶᠤᠯ ᠠᠪᠴᠢᠷᠠᠬᠤ ᠳ᠋ᠤ᠌ ᠬᠦᠷᠴᠡᠢ᠃ ᠪᠢ ᠬᠠᠷᠠᠮᠰᠠᠭᠠᠳ ᠪᠠᠷᠠᠬᠤ ᠦᠭᠡᠢ ᠭᠡᠳ ᠦᠭᠡ ᠪᠡᠨ ᠪᠠᠬᠠᠨ ᠵᠠᠪᠰᠠᠷᠯᠠᠵᠤ ᠡᠮᠦᠨᠡᠬᠢ ᠴᠣᠮᠣ ᠲᠠᠢ ᠤᠰᠤᠨ ᠠ᠋ᠴᠠ ᠠᠯᠭᠤᠷᠬᠠᠨ ᠣᠭᠣᠴᠢᠭᠠᠳ᠄
— ᠦᠨᠡᠨ ᠬᠡᠷᠡᠭ ᠪᠣᠯ ᠡᠢᠮᠦ ᠶᠦᠮ᠃ ᠠᠷᠪᠠ ᠭᠠᠷᠤᠢ ᠵᠢᠯ ᠦ᠋ᠨ ᠲᠤᠷᠰᠢ ᠪᠣᠯᠤᠷᠴᠠᠭᠠᠨ ᠪᠢᠳᠡ ᠬᠣᠶᠠᠭᠤᠯᠠ ᠬᠠᠮᠲᠤ ᠠᠵᠢᠯᠯᠠᠬᠤ ᠳᠤᠮᠳᠠ ᠪᠠᠨ ᠦᠵᠡᠯ ᠰᠠᠨᠠᠭ᠎ᠠ᠂ ᠵᠠᠩ ᠠᠭᠠᠯᠢ ᠶ᠋ᠢᠨ ᠲᠠᠯ᠎ᠠ ᠪᠠᠷ ᠲᠤᠢᠯ ᠢ᠋ᠶ᠋ᠠᠷ ᠨᠢᠭᠡᠳᠳᠡᠭ ᠶᠦᠮ᠃
— ᠡᠳᠦᠷ ᠦ᠋ᠨ ᠤᠳ᠋ᠭᠠᠨ ᠳ᠋ᠤ᠌ ᠪᠢ ᠨᠢᠭᠡᠨᠲᠡ ᠲᠡᠭᠦᠨ ᠳ᠋ᠦ᠍ ᠬᠠᠢᠷ᠎ᠠ ᠳᠤᠷᠠᠯᠠᠯ ᠲᠠᠢ ᠪᠣᠯᠵᠤ᠂ ᠲᠡᠭᠦᠨ ᠦ᠌ ᠦᠭᠡ ᠶᠠᠷᠢᠶ᠎ᠠ᠂ ᠦᠢᠯᠡ ᠬᠥᠳᠡᠯᠦᠯ ᠨᠢᠭᠡ ᠪᠦᠷᠢ ᠨᠢ ᠨᠠᠳᠠ ᠮᠠᠰᠢ ᠬᠠᠯᠠᠭᠤᠨ ᠳᠣᠲᠣᠨᠣ ᠰᠠᠨᠠᠭᠳᠠᠭᠰᠠᠨ ᠲᠤᠯᠠ ᠪᠢ ᠡᠯᠳᠡᠪ ᠬᠡᠯᠪᠡᠷᠢ ᠪᠡᠷ ᠲᠡᠭᠦᠨ ᠲᠡᠢ ᠣᠢᠷᠠᠲᠤᠨ ᠣᠢᠷᠠᠳᠤᠭᠰᠠᠭᠠᠷ ᠪᠠᠢᠭᠠᠳ᠂ ᠪᠢᠳᠡ ᠬᠣᠶᠠᠭᠤᠯᠠ ᠰᠡᠳᠬᠢᠯ ᠢ᠋ᠶ᠋ᠡᠨ ᠮᠡᠳᠡᠯᠴᠡᠬᠦ ᠳᠣᠲᠣᠨᠣ ᠬᠠᠷᠢᠴᠠᠭ᠎ᠠ ᠲᠠᠢ ᠪᠣᠯᠤᠭᠰᠠᠨ ᠶᠤᠮ᠃
— ᠬᠡᠯᠡᠯᠭᠡᠨ ᠦᠭᠡᠢ ᠲᠤᠬᠠᠢ ᠶ᠋ᠢᠨ ᠦᠶ᠎ᠡ ᠳ᠋ᠦ᠍ ᠪᠢ ᠴᠦ᠍ ᠥᠪᠡᠷ ᠢ᠋ᠶ᠋ᠡᠨ ᠡᠷ᠎ᠡ ᠨᠥᠬᠥᠷ ᠲᠡᠢ᠂ ᠪᠤᠯᠤᠷᠴᠠᠭᠠᠨ ᠴᠦ᠍ ᠡᠬᠡᠨᠡᠷ ᠪᠦᠰᠡᠭᠦᠢ ᠲᠡᠢ ᠪᠠᠢᠪᠠ᠃ ᠪᠦᠷ ᠤᠯᠤᠰ ᠤ᠋ᠨ ᠺᠠᠳ᠋ᠷ᠃ ᠡᠨᠡ ᠮᠡᠲᠦ ᠬᠠᠤᠯᠢ ᠰᠠᠬᠢᠯᠭ᠎ᠠ ᠶ᠋ᠢ ᠵᠥᠷᠢᠴᠡᠵᠦ᠂ ᠲᠠᠪᠠ ᠪᠠᠷ ᠢ᠋ᠶ᠋ᠠᠨ ᠠᠭᠠᠰᠢᠯᠠᠬᠤ ᠨᠢ ᠳᠠᠮᠵᠢᠭ ᠦᠭᠡᠢ ᠭᠠᠵᠢᠭᠤ ᠪᠤᠷᠤᠭᠤ ᠬᠡᠷᠡᠭ᠃
— ᠭᠡᠲᠡᠯ᠎ᠡ ᠣᠢᠯᠠᠭᠠᠭᠳᠠᠰᠢ ᠦᠭᠡᠢ ᠬᠠᠢᠷ᠎ᠠ ᠳᠤᠷᠠᠯᠠᠯ ᠥᠪᠡᠷ ᠢ᠋ᠶ᠋ᠡᠨ ᠤᠨᠳᠤᠷᠤᠨ ᠪᠢᠯᠬᠠᠷᠠᠵᠤ᠂ ᠮᠢᠨᠦ ᠬᠥᠮᠦᠨᠴᠢ ᠴᠢᠨᠠᠷ᠂ ᠤᠭ ᠰᠠᠨᠠᠭᠠᠨ ᠠ᠋ᠴᠠ ᠳᠠᠪᠠᠯ᠎ᠠ᠃ ᠤᠷᠤᠭᠤᠳᠠᠯ ᠤᠨᠠᠬᠤ ᠳᠡᠭᠡᠷ᠎ᠡ ᠲᠠᠭᠠᠷᠠᠵᠤ᠂ ᠢᠷᠦᠭᠡᠯ ᠥᠭᠡᠳᠡᠯᠡᠬᠦ ᠳᠡᠭᠡᠷ᠎ᠡ ᠲᠣᠬᠢᠶᠠᠯᠳᠤᠳᠠᠭ ᠭᠡᠭᠴᠢ ᠪᠡᠷ ᠶᠠᠭ ᠡᠨᠡ ᠦᠶ᠎ᠡ ᠳ᠋ᠦ᠍ ᠬᠣᠲᠠ ᠶ᠋ᠢᠨ ᠬᠣᠷᠢᠭᠤᠯ ᠤ᠋ᠨ ᠭᠠᠵᠠᠷ ᠤ᠋ᠨ ᠲᠣᠭᠣᠭᠠᠴᠢ ᠯᠢᠦ ᠡᠪᠦᠭᠡᠨ ᠡᠪᠡᠳᠴᠢᠨ ᠳ᠋ᠦ᠍ ᠨᠡᠷᠪᠡᠭᠳᠡᠵᠦ᠂ ᠮᠠᠨ ᠤ᠋ ᠡᠮᠨᠡᠯᠭᠡ ᠶᠢᠨ ᠬᠣᠷᠢᠶᠠᠨ ᠳ᠋ᠤ᠌ ᠰᠠᠭᠤᠵᠠᠢ᠃
— ᠪᠢ ᠲᠡᠭᠦᠨ ᠳ᠋ᠦ᠍ ᠡᠮ ᠥᠭᠬᠦ ᠳᠦ ᠪᠡᠨ ᠪᠤᠷᠤᠭᠤ ᠲᠣᠬᠢᠷᠠᠭᠤᠯᠤᠨ ᠬᠣᠣᠷᠳᠠᠭᠤᠯᠬᠤ ᠰᠢᠬᠠᠬᠤ ᠳ᠋ᠤ᠌ ᠵᠠᠪᠰᠢᠶᠠᠨ ᠢ᠋ᠶ᠋ᠠᠷ ᠪᠤᠯᠤᠷᠴᠠᠭᠠᠨ ᠤᠷᠢᠳᠴᠢᠯᠠᠨ ᠮᠡᠳᠡᠭᠡᠳ ᠠᠪᠤᠷᠠᠭᠰᠠᠨ ᠪᠢᠯᠡ᠃ ᠢᠩᠭᠢᠵᠦ ᠨᠢᠭᠡ ᠶᠡᠬᠡ ᠡᠨᠳᠡᠯ ᠡᠴᠡ ᠮᠤᠯᠲᠤᠷᠠᠭᠰᠠᠨ ᠤ᠋ ᠳᠠᠷᠠᠭ᠎ᠠ᠂ ᠪᠣᠯᠤᠷᠴᠠᠭᠠᠨ ᠨᠠᠳᠠ ᠨᠡᠩ ᠳᠣᠲᠣᠨᠣ ᠰᠠᠨᠠᠭᠳᠠᠵᠤ᠂ ᠰᠡᠳᠬᠢᠯ ᠵᠢᠷᠦᠬᠡᠨ ᠡᠴᠡ ᠭᠠᠷᠬᠤ ᠪᠠᠨ ᠪᠣᠯᠢᠯ᠎ᠠ᠃
— ᠡᠴᠦᠰ ᠲᠤ ᠪᠠᠨ ᠪᠢᠳᠡ ᠠᠮᠢᠳᠤᠷᠠᠯ ᠤ᠋ᠨ ᠰᠤᠷᠲᠠᠯ ᠤ᠋ᠨ ᠲᠠᠯ᠎ᠠ ᠪᠠᠷ ᠥᠪᠡᠷ ᠥᠪᠡᠷ ᠦ᠋ᠨ ᠰᠡᠳᠬᠢᠯᠭᠡ ᠪᠡᠨ ᠵᠢᠯᠣᠭᠣᠳᠴᠤ ᠳᠡᠢᠯᠬᠦ ᠦᠭᠡᠢ ᠭᠦᠨ ᠰᠢᠭᠢᠳᠦᠨ ᠰᠢᠪᠠᠷᠳᠠᠪᠠ᠃ ᠪᠢᠳᠡᠨ ᠦ᠌ ᠬᠠᠷᠢᠴᠠᠭ᠎ᠠ ᠢᠩᠭᠢᠭᠡᠳ ᠡᠩ ᠦ᠋ᠨ ᠨᠠᠢᠵᠠ ᠨᠥᠬᠥᠷ ᠦ᠋ᠨ ᠨᠥᠬᠥᠷᠯᠡᠯ ᠡᠴᠡ ᠬᠣᠯᠠ ᠳᠠᠪᠠᠵᠤ ᠢᠷᠡᠬᠦ ᠳ᠋ᠦ᠍ ᠪᠢ ᠵᠣᠷᠢᠭ ᠰᠢᠭᠤᠳᠤᠨ ᠬᠠᠢᠷ᠎ᠠ ᠳᠤᠷᠠᠯᠠᠯ ᠢ᠋ᠶ᠋ᠠᠷ ᠠᠨᠠᠢᠬᠠᠨ ᠡᠷ᠎ᠡ ᠡᠴᠡ ᠪᠡᠨ ᠤᠷᠤᠭ ᠰᠠᠯᠬᠤ ᠪᠠᠷ ᠰᠢᠢᠳᠪᠡ᠃ ᠪᠢ ᠤᠷᠤᠭ ᠰᠠᠯᠤᠭᠰᠠᠨ ᠤ᠋ ᠳᠠᠷᠠᠭ᠎ᠠ ᠪᠣᠯᠤᠷᠴᠠᠭᠠᠨ ᠲᠠᠢ ᠤᠯᠠᠮ ᠢᠯᠡᠭᠦᠦ ᠶᠠᠪᠤᠯᠴᠠᠵᠤ᠂ ᠪᠦᠬᠦ ᠬᠦᠴᠦ ᠪᠡᠷ ᠢ᠋ᠶ᠋ᠡᠨ ᠲᠡᠭᠦᠨ ᠢ᠋ ᠪᠡᠶ᠎ᠡ ᠳᠦ ᠪᠡᠨ ᠲᠡᠳᠡᠨ ᠤ ᠭᠡᠷ ᠪᠦᠯᠢ ᠶ᠋ᠢ ᠨᠢ ᠰᠠᠮᠠᠭᠤᠷᠠᠭᠤᠯᠪᠠ᠃
— ᠡᠭᠦᠨ ᠢ᠋ᠶ᠋ᠡᠷ ᠪᠠᠷᠠᠬᠤ ᠦᠭᠡᠢ᠂ ᠡᠴᠦᠰ ᠲᠤ ᠪᠠᠨ ᠤᠷᠤᠭ ᠪᠠᠷᠢᠯᠳᠤᠬᠤ ᠵᠣᠷᠢᠯᠭ᠎ᠠ ᠳᠤ ᠪᠠᠨ ᠬᠦᠷᠬᠦ ᠶ᠋ᠢᠨ ᠲᠥᠯᠥᠭᠡ ᠲᠡᠭᠦᠨ ᠦ᠌ ᠡᠬᠡᠨᠡᠷ ᠡᠴᠡ ᠪᠡᠨ ᠰᠠᠯᠬᠤ ᠶ᠋ᠢ ᠣᠯᠠᠨ ᠤᠳᠠᠭ᠎ᠠ ᠱᠠᠭᠠᠷᠳᠠᠨ ᠰᠢᠬᠠᠮᠳᠠᠭᠤᠯᠤᠯᠠ᠃ ᠮᠢᠨᠦ ᠡᠳᠡᠭᠡᠷ ᠥᠳᠥᠭᠡᠯᠭᠡ ᠡᠴᠡ ᠪᠣᠯᠵᠤ᠂ ᠪᠣᠯᠤᠷᠴᠠᠭᠠᠨ ᠡᠷ᠎ᠡ ᠡᠮ᠎ᠡ ᠬᠣᠶᠠᠭᠤᠯᠠ ᠶ᠋ᠢᠨ ᠬᠠᠢᠷ᠎ᠠ ᠳᠤᠷᠠᠯᠠᠯ ᠰᠦᠢᠷᠡᠬᠦ ᠵᠦᠭ ᠤᠷᠤᠭᠤ ᠪᠠᠨ ᠬᠠᠨᠳᠤᠵᠤ᠂ ᠣᠯᠠᠨ ᠤᠳᠠᠭ᠎ᠠ ᠵᠣᠳᠣᠯᠴᠠᠨ ᠬᠡᠷᠡᠯᠳᠦᠵᠦ ᠭᠡᠷ ᠪᠦᠯᠢ ᠶ᠋ᠢᠨ ᠡᠶ᠎ᠡ ᠨᠠᠢᠷ ᠨᠢ ᠡᠪᠳᠡᠷᠡᠵᠦ ᠡᠬᠢᠯᠡᠭᠰᠡᠨ ᠶᠦᠮ᠃ ᠭᠡᠲᠡᠯ᠎ᠡ ᠵᠣᠬᠢᠶᠠᠨ ᠪᠠᠢᠭᠤᠯᠤᠯᠲᠠ ᠠ᠋ᠴᠠ ᠡᠨᠡ ᠬᠣᠶᠠᠷ ᠤ᠋ᠨ ᠤᠷᠤᠭ ᠰᠠᠯᠬᠤ ᠶ᠋ᠢ ᠵᠥᠪᠰᠢᠶᠡᠷᠡᠬᠦ ᠦᠭᠡᠢ ᠪᠠᠢᠯ᠎ᠠ᠃
— ᠮᠢᠨᠦ ᠭᠠᠵᠢᠭᠤ ᠪᠣᠳᠣᠯ ᠣᠷᠭᠢᠯ ᠳᠤ ᠪᠠᠨ ᠲᠤᠯᠵᠤ᠂ ᠵᠣᠷᠢᠯᠭ᠎ᠠ ᠳᠤ ᠪᠠᠨ ᠬᠤᠷᠳᠤᠨ ᠬᠦᠷᠬᠦ ᠶ᠋ᠢᠨ ᠲᠥᠯᠥᠭᠡ ᠲᠡᠳᠡᠨ ᠦ᠌ ᠠᠶᠠᠨᠳᠠᠭᠠᠨ ᠤᠷᠤᠭ ᠰᠠᠯᠬᠤ ᠶ᠋ᠢ ᠬᠦᠯᠢᠶᠡᠵᠦ ᠶᠠᠳᠠᠨ᠂ ᠬᠠᠮᠤᠭ ᠤ᠋ᠨ ᠰᠢᠪᠰᠢᠭᠲᠦ ᠮᠠᠭᠤ ᠠᠷᠭ᠎ᠠ ᠪᠠᠰᠢᠷ ᠠᠪᠴᠤ ᠪᠣᠯᠤᠷᠴᠠᠭᠠᠨ ᠤ᠋ ᠰᠠᠨᠠᠮᠰᠠᠷ ᠦᠭᠡᠢ ᠶ᠋ᠢ ᠳᠠᠯᠢᠮᠳᠠᠭᠤᠯᠤᠨ ᠲᠡᠭᠦᠨ ᠦ᠌ ᠭᠠᠷ ᠢ᠋ᠶ᠋ᠠᠷ ᠦᠵᠡᠰᠬᠦᠯᠡᠩ ᠢ᠋ ᠬᠣᠣᠷᠯᠠᠭᠰᠠᠨ ᠶᠤᠮ᠃ ᠠᠷᠪᠠᠨ ᠨᠢᠭᠡᠨ ᠰᠠᠷ᠎ᠠ ᠶ᠋ᠢᠨ ᠠᠷᠪᠠᠨ ᠲᠠᠪᠤᠨ ᠤ᠋ ᠣᠷᠣᠢ ᠪᠣᠯᠤᠷᠴᠠᠭᠠᠨ ᠡᠬᠡᠨᠡᠷ ᠢ᠋ᠶ᠋ᠡᠨ ᠴᠣᠬᠢᠨ ᠬᠥᠯ ᠢ᠋ ᠨᠢ ᠬᠤᠭᠤᠯᠤᠭᠰᠠᠨ ᠤ᠋ ᠳᠠᠷᠠᠭ᠎ᠠ᠂ ᠨᠠᠳᠠ ᠠ᠋ᠴᠠ ᠦᠵᠡᠰᠬᠦᠯᠡᠩ ᠳ᠋ᠦ᠍ ᠬᠡᠷᠡᠭᠯᠡᠬᠦ ᠤᠰᠤᠨ ᠨᠡᠷᠡᠮᠡᠯB ᠵᠢᠷᠭᠤᠳᠤᠭᠠᠷ ᠢ᠋ ᠠᠪᠬᠤ ᠪᠠᠷ ᠢᠷᠡᠪᠡ᠃
— ᠪᠢ ᠳᠣᠣᠷ᠎ᠠ ᠨᠢ ᠦᠵᠡᠰᠬᠦᠯᠡᠩ ᠢ᠋ ᠬᠣᠣᠷᠯᠠᠵᠤ ᠪᠣᠯᠬᠤ ᠵᠠᠪᠰᠢᠶᠠᠨ ᠭᠡᠵᠦ ᠦᠵᠡᠭᠡᠳ᠂ ᠲᠡᠭᠦᠨ ᠳ᠋ᠦ᠍ ᠥᠭᠭᠦᠭᠰᠡᠨ ᠡᠮ ᠦ᠋ᠨ ᠳᠣᠲᠣᠷ᠎ᠠ ᠨᠢᠭᠡ ᠯᠣᠩᠬᠣ Aᠭᠤᠷᠪᠠᠳᠤᠭᠠᠷ ᠢ᠋ ᠬᠣᠯᠢᠪᠠ᠃ ᠪᠢ ᠪᠣᠯᠤᠷᠴᠠᠭᠠᠨ ᠳ᠋ᠤ᠌ ᠮᠡᠳᠡᠭᠳᠡᠬᠦ ᠡᠴᠡ ᠪᠣᠯᠭᠣᠮᠵᠢᠯᠠᠨ ᠬᠣᠣᠷᠲᠤ ᠡᠮ ᠦ᠋ᠨ ᠵᠢᠵᠢᠭ ᠯᠣᠩᠬᠣᠨ ᠳᠡᠭᠡᠷᠡᠬᠢ Aᠭᠤᠷᠪᠠᠳᠤᠭᠠᠷ ᠬᠡᠮᠡᠬᠦ ᠦᠰᠦᠭ ᠢ᠋ ᠨᠢ ᠵᠣᠷᠢᠭᠤᠳᠠ ᠳᠣᠷᠣᠭᠰᠢ ᠬᠠᠨᠳᠤᠭᠤᠯᠤᠨ ᠬᠠᠢᠷᠴᠠᠭ ᠲᠤᠨᠢ ᠰᠠᠪᠠᠯᠠᠵᠤ ᠥᠭᠭᠦᠭᠰᠡᠨ ᠶᠦᠮ᠃
— ᠢᠩᠭᠢᠭᠡᠳ ᠭᠤᠷᠪᠠ ᠬᠣᠨᠣᠭ ᠤ᠋ᠨ ᠬᠢᠨᠢ ᠳᠠᠷᠠᠭ᠎ᠠ ᠦᠵᠡᠰᠬᠦᠯᠡᠩ ᠬᠣᠣᠷᠳᠠᠭᠳᠠᠨ ᠦᠬᠦᠭᠰᠡᠨ ᠭᠡᠳ ᠦᠭᠡ ᠪᠡᠨ ᠲᠦᠷ ᠵᠠᠪᠰᠠᠷᠯᠠᠵᠤ ᠠᠪᠤᠭᠠᠳ᠄
— ᠪᠢ ᠦᠵᠡᠰᠬᠦᠯᠡᠩ ᠢ᠋ ᠠᠯᠠᠬᠤ ᠵᠣᠷᠢᠯᠭ᠎ᠠ ᠪᠠᠨ ᠪᠣᠯᠤᠷᠴᠠᠭᠠᠨ ᠳ᠋ᠤ᠌ ᠬᠡᠯᠡᠭᠰᠡᠨ ᠦᠭᠡᠢ᠃ ᠤᠴᠢᠷ ᠨᠢ ᠲᠡᠷᠡ ᠪᠣᠯ ᠤᠤᠯ ᠠ᠋ᠴᠠ ᠪᠠᠨ ᠲᠡᠢᠮᠦ ᠰᠠᠨᠠᠭ᠎ᠠ ᠬᠠᠲᠠᠭᠤ ᠵᠣᠷᠢᠭ ᠴᠢᠩᠭ᠎ᠠ ᠬᠥᠮᠦᠨ ᠪᠢᠰᠢ᠃ ᠨᠠᠭᠠᠳᠤ ᠵᠠᠬ᠎ᠠ ᠳᠤ ᠪᠠᠨ ᠤᠷᠤᠭ ᠰᠠᠯᠬᠤ ᠳ᠋ᠤ᠌ ᠴᠦ᠍ ᠵᠣᠷᠢᠭ ᠬᠦᠷᠬᠦ ᠦᠭᠡᠢ ᠶᠦᠮ ᠴᠢᠨᠢ ᠬᠡᠷᠪᠡ ᠤᠷᠢᠳᠴᠢᠯᠠᠨ ᠬᠡᠯᠡᠪᠡᠯ ᠬᠡᠷᠬᠢᠨ ᠬᠣᠣᠷᠯᠠᠵᠤ ᠴᠢᠳᠠᠬᠤ ᠪᠣᠢ ᠭᠡᠵᠦ ᠪᠣᠳᠣᠭᠠᠳ ᠰᠡᠮᠡᠬᠡᠷ ᠨᠢᠭᠡ ᠯᠣᠩᠬᠣ ᠡᠮ ᠢ᠋ ᠬᠠᠢᠷᠴᠠᠭ ᠲᠤᠨᠢ ᠬᠣᠯᠢᠭᠠᠳ ᠰᠠᠪᠠᠯᠠᠵᠤ ᠥᠭᠭᠦᠭᠰᠡᠨ ᠶᠦᠮ᠃
— ᠲᠡᠷᠡᠴᠢᠯᠡᠨ ᠲᠤᠬᠠᠢ ᠶ᠋ᠢᠨ ᠦᠶ᠎ᠡ ᠳ᠋ᠦ᠍ ᠪᠢ ᠢᠩᠭᠢᠵᠦ ᠠᠮᠤᠷᠵᠢᠭᠤᠯᠬᠤ ᠬᠣᠣᠷᠲᠤ ᠡᠮ ᠢ᠋ᠶ᠋ᠡᠷ ᠬᠣᠣᠷᠯᠠᠬᠤ ᠨᠢ ᠠᠯᠭᠤᠷ ᠤᠳᠠᠭᠠᠨ᠂ ᠬᠡᠨ ᠴᠦ᠍ ᠮᠡᠳᠡᠬᠦ ᠦᠭᠡᠢ ᠪᠡᠷ ᠦᠬᠦᠴᠢᠬᠡᠨᠡ᠃ ᠬᠣᠵᠢᠮ ᠶᠠᠮᠠᠷ ᠴᠦ᠍ ᠰᠠᠭᠠᠳ ᠬᠠᠷᠰᠢ ᠭᠠᠷᠬᠤ ᠦᠭᠡᠢ᠃ ᠢᠩᠭᠢᠪᠡᠯ ᠮᠢᠨᠦ ᠵᠣᠷᠢᠯᠭ᠎ᠠ ᠬᠢᠯᠪᠠᠷᠬᠠᠨ ᠪᠡᠶᠡᠯᠡᠭᠳᠡᠨ᠎ᠡ ᠭᠡᠵᠦ ᠪᠣᠳᠣᠵᠠᠢ᠃
— ᠲᠡᠭᠦᠨ ᠢ᠋ ᠢᠩᠭᠢᠵᠦ ᠬᠤᠷᠳᠤᠨ ᠦᠬᠦᠨ᠎ᠡ ᠭᠡᠵᠦ ᠶᠡᠷᠦ ᠪᠣᠳᠣᠵᠤ ᠣᠯᠤᠭᠰᠠᠨ ᠦᠭᠡᠢ᠃ ᠦᠵᠡᠰᠬᠦᠯᠡᠩ ᠢ᠋ ᠬᠣᠣᠷᠯᠠᠭᠳᠠᠭᠰᠠᠨ ᠳᠠᠷᠤᠢ ᠳ᠋ᠤ᠌ ᠪᠣᠯᠤᠷᠴᠠᠭᠠᠨ ᠪᠠᠷᠢᠪᠴᠢᠯᠠᠭᠳᠠᠪᠠ᠃ ᠪᠢ᠂ ᠲᠡᠭᠦᠨ ᠢ᠋ ᠡᠨᠡ ᠲᠡᠷᠡ ᠭᠡᠵᠦ ᠬᠡᠯᠡᠬᠦ ᠡᠴᠡ ᠡᠮᠦᠨ᠎ᠡ ᠵᠠᠪᠳᠤᠵᠤ᠂ ᠬᠡᠷᠡᠭ ᠦ᠋ᠨ ᠦᠨᠡᠨ ᠪᠠᠢᠳᠠᠯ ᠢ᠋ ᠲᠡᠭᠦᠨ ᠳ᠋ᠦ᠍ ᠶᠠᠭᠠᠬᠢᠭᠰᠠᠨ ᠴᠦ᠍ ᠮᠡᠳᠡᠭᠳᠡᠬᠦ ᠬᠡᠷᠡᠭᠲᠡᠢ ᠭᠡᠵᠦ ᠪᠣᠳᠣᠯ᠎ᠠ᠃ ᠴᠢᠨᠠᠭᠰᠢᠯᠠᠪᠠᠯ ᠡᠨᠡ ᠬᠦ᠌ ᠬᠠᠤᠯᠢ ᠶ᠋ᠢᠨ ᠬᠠᠷᠢᠭᠤᠴᠠᠯᠭ᠎ᠠ ᠶ᠋ᠢ ᠥᠪᠡᠷ ᠢ᠋ᠶ᠋ᠡᠨ ᠡᠭᠦᠷᠬᠦ ᠶ᠋ᠢ ᠴᠦ᠍ ᠪᠣᠳᠣᠵᠤ ᠥᠩᠭᠡᠷᠡᠪᠡ ᠃
— ᠢᠩᠭᠢᠭᠡᠳ ᠪᠢ ᠮᠠᠷᠭᠠᠰᠢ ᠥᠷᠯᠥᠭᠡ ᠡᠷᠲᠡ ᠨᠢ ᠬᠤᠪᠴᠠᠰᠤ ᠬᠤᠨᠠᠷ ᠪᠣᠯᠤᠨ ᠨᠢᠭᠤᠷ ᠴᠢᠷᠠᠢ ᠪᠠᠨ ᠬᠤᠪᠢᠷᠠᠭᠤᠯᠤᠨ ᠵᠠᠰᠠᠭᠠᠳ ᠬᠣᠷᠢᠭᠤᠯ ᠤ᠋ᠨ ᠭᠠᠵᠠᠷ ᠲᠤ᠌ ᠣᠴᠢᠭᠰᠠᠨ ᠶᠤᠮ᠃
— ᠪᠢ ᠣᠴᠢᠬᠤ ᠠ᠋ᠴᠠ ᠪᠠᠨ ᠡᠮᠦᠨ᠎ᠡ ᠳᠠᠷᠤᠢ ᠯᠢᠦ ᠡᠪᠦᠭᠡᠨ ᠢ᠋ ᠠᠰᠢᠭᠯᠠᠬᠤ ᠪᠠᠷ ᠪᠣᠳᠣᠵᠤ ᠲᠥᠯᠥᠪᠯᠡᠭᠰᠡᠨ ᠶᠦᠮ᠃ ᠤᠴᠢᠷ ᠨᠢ ᠲᠡᠷᠡ ᠤᠳᠠᠭᠠᠨ ᠤ᠋ ᠡᠮ ᠦ᠋ᠨ ᠡᠨᠳᠡᠯ ᠡᠴᠡ ᠬᠣᠢᠰᠢ ᠯᠢᠦ ᠡᠪᠦᠭᠡᠨ ᠪᠣᠯᠤᠷᠴᠠᠭᠠᠨ ᠲᠠᠢ ᠮᠠᠰᠢ ᠳᠣᠲᠣᠨᠣ ᠬᠠᠷᠢᠴᠠᠭ᠎ᠠ ᠲᠠᠢ ᠪᠣᠯᠵᠤ ᠪᠢᠯᠡ ᠭᠡᠳ ᠡᠦ ᠹᠧᠩ ᠮᠧᠢ ᠬᠣᠭᠣᠯᠠᠢ ᠪᠠᠨ ᠨᠢᠭᠡ ᠵᠠᠰᠠᠵᠤ ᠠᠪᠤᠭᠠᠳ᠄
— ᠢᠩᠭᠢᠭᠡᠳ ᠪᠢ ᠲᠥᠯᠥᠪᠯᠡᠭᠡ ᠶᠣᠰᠣᠭᠠᠷ ᠯᠢᠦ ᠡᠪᠦᠭᠡᠨ ᠦ᠌ ᠳᠡᠮᠵᠢᠯᠭᠡ ᠪᠡᠷ ᠬᠣᠷᠢᠭᠤᠯ ᠤ᠋ᠨ ᠭᠠᠵᠠᠷ ᠤ᠋ᠨ ᠲᠣᠭᠣᠭᠠᠨ ᠭᠡᠷ ᠦ᠋ᠨ ᠴᠣᠩᠬᠣ ᠪᠠᠷ ᠪᠣᠯᠤᠷᠴᠠᠭᠠᠨ ᠲᠠᠢ ᠵᠣᠯᠭᠠᠨ ᠡᠨᠡ ᠬᠦ᠌ ᠪᠦᠬᠦ ᠨᠢᠭᠤᠴᠠ ᠪᠠᠨ ᠦᠨᠡᠨ ᠢ᠋ᠶ᠋ᠡᠷ ᠬᠡᠯᠡᠵᠡᠢ᠃
— ᠪᠣᠯᠤᠷᠴᠠᠭᠠᠨ ᠰᠣᠨᠣᠰᠤᠭᠠᠳ ᠨᠢᠭᠡ ᠦᠶ᠎ᠡ ᠮᠡᠯᠡᠷᠡᠨ ᠰᠡᠭᠦᠯᠡᠷ ᠨᠢ ᠨᠠᠮ᠎ᠠ ᠶᠢ ᠪᠠᠬᠠᠨ ᠰᠢᠭᠦᠮᠵᠡᠯᠡᠨ ᠲᠤᠡᠭᠭᠤᠳᠪᠠ᠃
— ᠪᠢ ᠲᠡᠭᠦᠨ ᠳ᠋ᠦ᠍ ᠥᠪᠡᠷ ᠢ᠋ᠶ᠋ᠡᠨ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠣᠴᠢᠨ ᠴᠠᠭᠠᠪᠤᠷᠯᠠᠨ ᠲᠤᠰᠢᠶᠠᠵᠤ ᠲᠡᠭᠦᠨ ᠢ᠋ ᠠᠪᠤᠷᠠᠵᠤ ᠭᠠᠷᠭᠠᠶ᠎ᠠ ᠭᠡᠬᠦᠯᠡᠷ ᠪᠣᠯᠤᠷᠴᠠᠭᠠᠨ᠂ ᠴᠢ ᠣᠳᠣ ᠢᠩᠭᠢᠵᠦ ᠬᠡᠯᠡᠭᠰᠡᠨ ᠴᠦ᠍ ᠬᠥᠮᠦᠨ ᠢᠲᠡᠭᠡᠬᠦ ᠦᠭᠡᠢ ᠬᠠᠷᠢᠨ ᠡᠭᠦᠨ ᠦ᠌ ᠡᠰᠡᠷᠭᠦ ᠪᠡᠷ ᠬᠣᠶᠠᠭᠤᠯᠠ ᠶ᠋ᠢᠨ ᠠᠯᠢᠪᠠ ᠨᠢᠭᠤᠴᠠ ᠢᠯᠡᠷᠡᠵᠦ᠂ ᠬᠤᠤᠪᠢᠯᠳᠤᠭᠠᠳ ᠬᠥᠮᠦᠨ ᠠᠯᠠᠭᠰᠠᠨ ᠶᠠᠯ᠎ᠠ ᠪᠠᠷ ᠲᠣᠭᠲᠠᠭᠠᠭᠳᠠᠵᠤ᠂ ᠬᠣᠶᠠᠭᠤᠯᠠ ᠪᠠᠨ ᠪᠦᠷ ᠬᠦᠨᠳᠦ ᠪᠡᠷ ᠰᠢᠢᠳᠬᠡᠭᠳᠡᠬᠦ ᠪᠣᠯᠤᠨ᠎ᠠ᠃
— ᠪᠢᠳᠡᠨ ᠦ᠌ ᠨᠢᠭᠤᠴᠠ ᠪᠢᠲᠡᠭᠦᠦ ᠬᠠᠷᠢᠴᠠᠭ᠎ᠠ ᠠᠯᠢ ᠬᠡᠵᠢᠶᠡᠨ ᠦ᠌ ᠪᠤᠰᠤᠳ ᠬᠥᠮᠦᠰ ᠲᠦ᠍ ᠮᠡᠳᠡᠭᠳᠡᠭᠰᠡᠨ ᠲᠤᠯᠠ ᠶᠠᠭᠠᠬᠢᠭᠰᠠᠨ ᠴᠦ᠍ ᠠᠮᠠᠷᠬᠠᠨ ᠥᠩᠭᠡᠷᠡᠵᠦ ᠴᠢᠳᠠᠬᠤ ᠦᠭᠡᠢ ᠶᠦᠮ᠃ ᠡᠴᠦᠰ ᠲᠡᠭᠡᠨ ᠬᠣᠶᠠᠭᠤᠯᠠ ᠪᠠᠨ ᠪᠦᠷ ᠠᠮᠢ ᠪᠠᠨ ᠠᠯᠳᠠᠬᠤ ᠪᠢᠰᠢ ᠤᠤ᠁ ᠢᠨᠠᠭ ᠳᠤᠷᠠᠯᠠᠯ᠂ ᠠᠮᠢᠨᠴᠢᠷ ᠬᠤᠪᠢ ᠶᠢᠨ ᠲᠥᠯᠥᠭᠡ ᠲᠦᠮᠡᠨᠨᠠᠰᠤᠲᠤ ᠬᠣᠲᠠ ᠳ᠋ᠤ᠌ ᠬᠣᠶᠠᠭᠤᠯᠠ ᠬᠠᠮᠰᠠᠨ ᠨᠡᠢᠯᠡᠵᠦ ᠬᠥᠮᠦᠨ ᠠᠯᠠᠭᠠᠳ ᠬᠣᠶᠠᠭᠤᠯᠠ ᠪᠠᠨ ᠪᠦᠷ ᠬᠠᠤᠯᠢ ᠪᠠᠷ ᠠᠯᠠᠭᠳᠠᠭᠰᠠᠨ ᠵᠢᠱ᠌ᠢᠶ᠎ᠡ ᠳᠠᠩᠴᠤ ᠠᠷᠪᠢᠨ ᠪᠠᠢᠨ᠎ᠠ ᠰᠢᠦ᠃ ᠬᠡᠳᠦᠢ ᠬᠠᠢᠷᠠᠨ ᠠᠮᠢ ᠪᠣᠢ? ᠡᠳᠦᠭᠡ ᠪᠢ ᠨᠢᠭᠡᠨᠲᠡ ᠪᠠᠷᠢᠪᠴᠢᠯᠠᠭᠳᠠᠭᠰᠠᠨ ᠶᠤᠮ ᠴᠢᠨᠢ ᠬᠠᠰᠢ ᠯᠠ ᠪᠦᠬᠦᠨ ᠢ᠋ ᠨᠢ ᠪᠡᠶ᠎ᠡ ᠳᠦ ᠪᠡᠨ ᠡᠭᠦᠷᠴᠦ ᠭᠠᠷᠤᠶ᠎ᠠ᠃ ᠡᠭᠦᠨ ᠡᠴᠡ ᠥᠭᠡᠷ᠎ᠡ ᠵᠠᠮ ᠪᠠᠢᠬᠤ ᠦᠭᠡᠢ᠃ ᠴᠢ ᠪᠤᠰᠤᠳ ᠲᠤ᠌ ᠶᠠᠭᠠᠬᠢᠭᠰᠠᠨ ᠴᠦ᠍ ᠪᠤᠤ ᠮᠡᠳᠡᠭᠳᠡ᠃ ᠢᠩᠭᠢᠪᠡᠯ ᠬᠡᠲᠦᠷᠡᠬᠦ ᠳᠦ ᠪᠡᠨ ᠨᠢᠭᠡ ᠯᠡ ᠬᠥᠮᠦᠨ ᠦ᠌ ᠲᠣᠯᠣᠭᠠᠢ ᠤᠨᠠᠬᠤ ᠯᠠ ᠬᠡᠷᠡᠭ᠃ ᠹᠧᠩ ᠮᠧᠢ ᠮᠢᠨᠢ ᠠ᠋᠂ ᠡᠢᠮᠦ ᠲᠡᠨᠡᠭ ᠠᠵᠢᠯᠯᠠᠭ᠎ᠠ᠂ ᠶᠠᠯᠠᠲᠤ ᠬᠡᠷᠡᠭ ᠢ᠋ ᠬᠡᠷᠬᠢᠨ ᠲᠡᠭᠡᠵᠦ ᠬᠢᠯᠪᠠᠷ ᠢ᠋ᠶ᠋ᠠᠷ ᠤᠷᠤᠯᠳᠤᠵᠤ ᠪᠣᠯᠬᠤ ᠪᠣᠢ? ᠣᠳᠣ ᠨᠢᠭᠡᠨᠲᠡ ᠬᠣᠶᠠᠷ ᠬᠥᠮᠦᠨ ᠦ᠌ ᠠᠮᠢᠨ ᠳ᠋ᠤ᠌ ᠬᠦᠷᠦᠯ᠎ᠡ ᠰᠢᠦ᠃ ᠢᠯᠡᠷᠡᠪᠡᠯ ᠭᠤᠷᠪᠠᠨ ᠬᠥᠮᠦᠨ ᠦ᠌ ᠠᠮᠢᠨ ᠳ᠋ᠤ᠌ ᠬᠦᠷᠦᠨ᠎ᠡ᠃ ᠶᠠᠮᠠᠷ ᠴᠦ᠍ ᠦᠨ᠎ᠡ ᠥᠷᠲᠡᠭ ᠦᠭᠡᠢ᠃ ᠠᠢ᠂ ᠴᠢ ᠳᠡ᠃ ᠰᠤᠷᠭᠠᠮᠵᠢ᠁ ᠰᠤᠷᠭᠠᠮᠵᠢ᠁ ᠴᠢ ᠨᠠᠰᠤᠨ ᠳᠤ ᠪᠠᠨ ᠴᠡᠭᠡᠵᠢᠯᠡᠵᠦ ᠶᠠᠪᠤᠭᠠᠷᠠᠢ ᠭᠡᠪᠡ᠃
— ᠪᠢ ᠪᠠᠢᠷᠢ ᠳᠤ ᠪᠠᠨ ᠮᠡᠳᠡᠭᠡ ᠲᠡᠢ᠂ ᠮᠡᠳᠡᠭᠡ ᠦᠭᠡᠢ ᠪᠤᠴᠠᠵᠤ ᠢᠷᠡᠭᠡᠳ ᠡᠨᠡ ᠬᠦ᠌ ᠬᠡᠷᠡᠭ ᠢ᠋ ᠦᠬᠦᠨ ᠳᠠᠷᠤᠪᠠ᠃ ᠪᠣᠳᠣᠯ ᠰᠠᠨᠠᠯ ᠳᠤ ᠪᠠᠨ ᠬᠦᠨᠳᠦ ᠳᠠᠷᠤᠭᠠᠰᠤ ᠲᠠᠢ ᠪᠠᠷ ᠬᠡᠳᠦᠨ ᠰᠠᠷ᠎ᠠ ᠶ᠋ᠢ ᠥᠩᠭᠡᠷᠡᠭᠡᠭᠡᠳ ᠪᠣᠯᠤᠷᠴᠠᠭᠠᠨ ᠢ᠋ ᠠᠯᠠᠭᠳᠠᠬᠤ ᠶᠠᠯ᠎ᠠ ᠪᠠᠷ ᠰᠢᠢᠳᠬᠡᠭᠳᠡᠬᠦ ᠰᠢᠬᠠᠵᠤ ᠪᠠᠢᠬᠤ ᠳ᠋ᠤ᠌ ᠪᠢ ᠲᠡᠰᠬᠦᠶ᠎ᠡ ᠪᠡᠷᠬᠡ ᠪᠣᠯᠵᠤ ᠳᠠᠭᠠᠭᠠᠳ ᠦᠬᠦᠬᠦ ᠪᠤᠶᠤ ᠴᠠᠭᠠᠪᠤᠷᠯᠠᠬᠤ ᠶ᠋ᠢ ᠪᠦᠷ ᠪᠣᠳᠣᠵᠤ ᠥᠩᠭᠡᠷᠡᠪᠡ᠃ ᠭᠡᠲᠡᠯ᠎ᠡ ᠠᠯᠢ ᠨᠢ ᠴᠦ᠍ ᠲᠡᠭᠦᠨ ᠦ᠌ ᠠᠮᠢ ᠶ᠋ᠢ ᠠᠪᠤᠷᠠᠬᠤ ᠠᠷᠭ᠎ᠠ ᠪᠢᠰᠢ ᠪᠡᠨ ᠪᠣᠳᠣᠬᠤ ᠳ᠋ᠤ᠌ ᠭᠠᠰᠠᠯᠤᠯ᠂ ᠭᠡᠮᠰᠢᠯ᠂ ᠵᠣᠪᠠᠨᠢᠯ᠂ ᠲᠠᠷᠴᠢᠯᠠᠭᠠᠯ ᠢ᠋ ᠳᠣᠲᠣᠷ᠎ᠠ ᠪᠠᠨ ᠠᠮᠰᠠᠵᠤ ᠰᠠᠭᠤᠳᠠᠭ ᠪᠢᠯᠡ᠃ ᠰᠠᠨᠠᠮᠰᠠᠷ ᠦᠭᠡᠢ ᠪᠣᠯᠤᠷᠴᠠᠭᠠᠨ ᠳ᠋ᠤ᠌ ᠡᠷᠡᠭᠦᠦ ᠬᠡᠷᠡᠭᠵᠢᠭᠦᠯᠬᠦ ᠶ᠋ᠢᠨ ᠡᠮᠦᠨᠡᠬᠡᠨ ᠲᠡᠷᠡ ᠬᠠᠷᠢᠨ ᠬᠢᠯᠢᠰ ᠬᠠᠰᠬᠢᠷᠤᠨ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠭᠳᠠᠭᠰᠠᠨ ᠢ᠋ ᠰᠣᠨᠣᠰᠤᠭᠠᠳ᠂ ᠪᠢ ᠳᠣᠲᠣᠷ᠎ᠠ ᠪᠠᠨ ᠲᠦᠷ ᠴᠠᠭ ᠴᠦ᠍ ᠪᠣᠯᠤᠭ ᠠᠮᠢ ᠮᠤᠯᠲᠤᠷᠠᠭᠰᠠᠨ ᠳ᠋ᠤᠨᠢ ᠰᠡᠮᠡᠬᠡᠷ ᠪᠠᠶᠠᠷᠯᠠᠨ᠂ ᠲᠡᠭᠦᠨ ᠦ᠌ ᠳᠣᠲᠣᠭᠠᠳᠤ ᠰᠡᠳᠬᠢᠯᠭᠡ ᠶ᠋ᠢᠨ ᠬᠢᠯᠢᠰ ᠭᠦᠵᠢᠷᠯᠡᠯ ᠢ᠋ ᠨᠡᠩ ᠣᠢᠯᠠᠭᠠᠨ ᠭᠤᠨᠢᠵᠤ ᠪᠢᠯᠡ᠃
— ᠲᠡᠭᠦᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠰᠠᠨ ᠳᠠᠷᠤᠢ ᠳ᠋ᠤᠨᠢ ᠪᠢ ᠨᠡᠷ᠎ᠡ ᠪᠡᠨ ᠨᠢᠭᠤᠨ ᠲᠢᠩᠬᠢᠮ ᠦ᠋ᠨ ᠳᠠᠷᠤᠭ᠎ᠠ ᠲᠦᠪᠰᠢᠨ ᠳ᠋ᠦ᠍ ᠳ᠋ᠢᠶᠠᠩᠬᠤᠸᠠ ᠶᠠᠪᠤᠭᠤᠯᠤᠨ᠂ ᠲᠡᠭᠦᠨ ᠦ᠌ ᠣᠪᠣᠷ ᠢ᠋ ᠣᠢᠯᠠᠭᠠᠵᠤ ᠥᠪᠡᠷ ᠢ᠋ᠶ᠋ᠡᠨ ᠴᠠᠭᠠᠪᠤᠷᠯᠠᠬᠤ ᠶᠢ ᠪᠣᠳᠣᠵᠤ ᠥᠩᠭᠡᠷᠡᠪᠡ᠃
— ᠡᠳᠦᠢ ᠴᠢᠨᠡᠭᠡᠨ ᠡᠳᠦᠷ ᠦ᠋ᠨ ᠲᠤᠷᠰᠢ᠂ ᠪᠢ ᠲᠡᠭᠦᠨ ᠲᠡᠢ ᠤᠷᠤᠭᠯᠠᠬᠤ ᠵᠣᠷᠢᠯᠭ᠎ᠠ ᠳᠤ ᠪᠠᠨ ᠬᠦᠷᠬᠦ ᠶ᠋ᠢᠨ ᠲᠥᠯᠥᠭᠡ ᠬᠢᠭᠰᠡᠨ ᠪᠣᠯᠬᠢ ᠬᠡᠷᠴᠡᠭᠡᠢ ᠠᠵᠢᠯᠯᠠᠭ᠎ᠠ ᠳᠤ ᠪᠠᠨ ᠤᠯᠠᠮ ᠬᠠᠷᠠᠮᠰᠠᠨ ᠵᠣᠪᠠᠯ᠎ᠠ ᠭᠡᠳ ᠲᠡᠷᠡ ᠲᠣᠯᠣᠭᠠᠢ ᠡᠷᠭᠦᠨ ᠣᠯᠠᠨ ᠢ᠋ ᠨᠢᠭᠡᠨ ᠰᠢᠷᠲᠡᠭᠰᠡᠨ ᠢ᠋ᠶ᠋ᠡᠨ᠄
— ᠰᠢᠭᠦᠭᠴᠢ ᠳᠠᠷᠤᠭ᠎ᠠ ᠠ᠋᠂ ᠬᠠᠪᠰᠤᠷᠤᠨ ᠰᠢᠭᠦᠭᠴᠢ ᠠᠪᠤᠭᠠᠢ ᠨᠠᠷ ᠠ᠋ ᠂ ᠪᠢ ᠥᠨᠥᠳᠥᠷ ᠵᠣᠷᠢᠭ ᠰᠢᠭᠤᠳᠤᠨ ᠡᠨᠡ ᠬᠦ᠌ ᠭᠡᠷᠡᠴᠢ ᠬᠢᠵᠦ ᠪᠠᠢᠬᠤ ᠨᠢ ᠥᠪᠡᠷ ᠦ᠋ᠨ ᠤᠬᠠᠮᠰᠠᠷ ᠠ᠋ᠴᠠ ᠪᠠᠨ ᠴᠠᠭᠠᠪᠤᠷᠯᠠᠵᠤ ᠪᠠᠢᠬᠤ ᠶᠠᠪᠤᠳᠠᠯ ᠪᠢᠰᠢ ᠶᠦᠮ᠃ ᠤᠴᠢᠷ ᠨᠢ ᠲᠠ ᠨᠠᠷ ᠰᠠᠷ᠎ᠠ ᠬᠢᠷᠢᠲᠡᠢ ᠪᠠᠢᠴᠠᠭᠠᠭᠠᠳ ᠪᠢᠳᠡᠨ ᠦ᠌ ᠬᠣᠭᠣᠷᠣᠨᠳᠣ ᠶ᠋ᠢᠨ ᠬᠠᠷᠢᠴᠠᠭ᠎ᠠ ᠪᠣᠯᠤᠨ ᠳᠡᠭᠡᠷᠡᠬᠢ ᠨᠢᠭᠤᠴᠠ ᠶ᠋ᠢ ᠦᠨᠳᠦᠰᠦᠨ ᠳᠦ ᠪᠡᠨ ᠢᠯᠡᠷᠡᠭᠦᠯᠦᠭᠰᠡᠨ ᠭᠡᠳᠡᠭ ᠢ᠋ ᠣᠯᠠᠨ ᠤᠳᠠᠭ᠎ᠠ ᠰᠢᠭᠦᠨ ᠪᠠᠢᠴᠠᠭᠠᠬᠤ ᠳᠤᠮᠳᠠ ᠢᠳᠬᠠᠨ ᠬᠡᠯᠡᠭᠰᠡᠨ ᠦᠭᠡ ᠠᠶᠠᠯᠭᠤ᠂ ᠴᠠᠭ ᠮᠥᠴᠡ᠂ ᠦᠵᠡᠭᠦᠯᠵᠦ ᠰᠣᠨᠣᠰᠬᠠᠨ ᠲᠤᠯᠭᠠᠭᠰᠠᠨ ᠭᠡᠷᠡᠴᠢ ᠪᠠᠷᠢᠮᠲᠠ ᠠ᠋ᠴᠠ ᠪᠢ ᠨᠢᠭᠡᠨᠲᠡ ᠪᠠᠷᠤᠭᠯᠠᠨ ᠮᠡᠳᠡᠵᠡᠢ᠃
— ᠪᠢ ᠴᠦ᠍ ᠦᠷᠭᠦᠯᠵᠢᠯᠡᠨ ᠳᠠᠷᠤᠬᠤ ᠳᠤᠷ᠎ᠠ ᠦᠭᠡᠢ ᠪᠣᠯᠤᠭᠰᠠᠨ᠂ ᠦᠨᠡᠨ ᠢ᠋ᠶ᠋ᠡᠨ ᠴᠠᠭᠠᠪᠤᠷᠯᠠᠬᠤ ᠪᠣᠳᠣᠯ ᠰᠢᠭᠦᠭᠴᠢ ᠳᠠᠷᠤᠭ᠎ᠠ ᠲᠠᠨ ᠲᠠᠢ ᠳ᠋ᠢᠶᠠᠩᠬᠤᠸᠠ ᠪᠠᠷ ᠬᠠᠷᠢᠯᠴᠠᠬᠤ ᠦᠶ᠎ᠡ ᠳ᠋ᠦ᠍ ᠨᠢᠭᠡᠨᠲᠡ ᠡᠬᠢᠯᠡᠵᠦ ᠪᠣᠢ ᠪᠣᠯᠤᠭᠰᠠᠨ ᠶᠤᠮ᠃ ᠭᠠᠭᠴᠠ ᠬᠦ᠌ ᠪᠤᠳᠤᠯᠢᠶᠠᠨᠲᠤ ᠰᠡᠳᠬᠢᠯ ᠦ᠋ᠨ ᠬᠥᠳᠡᠯᠭᠡᠭᠡᠨ ᠪᠣᠯᠤᠨ ᠡᠴᠦᠰ ᠲᠤ ᠪᠠᠨ ᠬᠣᠶᠠᠭᠤᠯᠠ ᠦᠬᠦᠨ᠎ᠡ ᠬᠡᠮᠡᠬᠦ ᠪᠣᠳᠣᠯ ᠮᠢᠨᠦ ᠴᠠᠭᠠᠪᠤᠷᠯᠠᠬᠤ ᠶ᠋ᠢ ᠥᠨᠥᠳᠥᠷ ᠬᠦᠷᠲᠡᠯ᠎ᠡ ᠬᠣᠢᠰᠢᠯᠠᠭᠤᠯᠪᠠ᠃
— ᠰᠢᠭᠦᠭᠴᠢ ᠳᠠᠷᠤᠭ᠎ᠠ ᠠ᠋᠂ ᠲᠠᠯᠠᠷᠬᠠᠮᠠᠷ ᠨᠢ ᠲᠠ ᠨᠠᠷ ᠤ᠋ᠨ ᠨᠠᠷᠢᠨ ᠬᠢᠨᠠᠮᠠᠭᠠᠢ ᠪᠠᠢᠴᠠᠭᠠᠯᠲᠠ ᠪᠣᠯᠤᠨ ᠣᠯᠠᠨ ᠤᠳᠠᠭᠠᠨ ᠤ᠋ ᠤᠬᠠᠭᠤᠯᠤᠯ ᠲᠠᠢᠯᠪᠤᠷᠢᠯᠠᠯ ᠨᠢ ᠨᠠᠮ᠎ᠠ ᠶᠢ ᠤᠬᠠᠮᠰᠠᠷᠠᠭᠤᠯᠵᠤ᠂ ᠡᠴᠦᠰ ᠲᠤ ᠪᠠᠨ ᠥᠨᠥᠳᠥᠷ ᠦ᠋ᠨ ᠵᠣᠷᠢᠭ ᠢ᠋ ᠪᠣᠢ ᠪᠣᠯᠭᠠᠪᠠ᠃ ᠥᠨᠥᠳᠥᠷ ᠪᠢ ᠨᠢᠭᠡ ᠲᠢᠩᠬᠢᠮ ᠰᠣᠨᠣᠰᠤᠭᠴᠢᠳ᠂ ᠲᠢᠩᠬᠢᠮ ᠦ᠋ᠨ ᠬᠠᠤᠯᠢ ᠶ᠋ᠢᠨ ᠠᠵᠢᠯᠲᠠᠳ ᠲᠤ᠌ ᠦᠨᠡᠨ ᠢ᠋ᠶ᠋ᠡᠨ ᠲᠤᠰᠢᠶᠠᠵᠤ ᠪᠠᠢᠬᠤ ᠨᠢ ᠳᠠᠷᠤᠢ ᠪᠣᠯᠤᠷᠴᠠᠭᠠᠨ ᠪᠣᠯ ᠦᠵᠡᠰᠬᠦᠯᠡᠩ ᠢ᠋ ᠬᠣᠣᠷᠯᠠᠭᠰᠠᠨ ᠶᠠᠪᠤᠳᠠᠯ ᠳ᠋ᠤ᠌ ᠥᠴᠦᠬᠡᠨ ᠴᠦ᠍ ᠬᠠᠷᠢᠭᠤᠴᠠᠯᠭ᠎ᠠ ᠦᠭᠡᠢ ᠭᠡᠰᠡᠨ ᠢ᠋ ᠢᠯᠡᠷᠬᠡᠢᠯᠡᠬᠦ ᠶ᠋ᠢᠨ ᠲᠥᠯᠥᠭᠡ ᠶᠦᠮ᠃ ᠲᠡᠷᠡ ᠪᠣᠯ ᠥᠪᠡᠷ ᠢ᠋ᠶ᠋ᠡᠨ ᠪᠣᠳᠣᠵᠤ ᠰᠡᠳᠬᠢᠵᠦ ᠣᠯᠬᠤ ᠦᠭᠡᠢ ᠡᠨᠳᠡᠯ ᠢ᠋ᠶ᠋ᠡᠷ ᠡᠬᠡᠨᠡᠷ ᠦ᠋ᠨ ᠢ᠋ᠶ᠋ᠡᠨ ᠪᠡᠶ᠎ᠡ ᠳ᠋ᠦ᠍ ᠬᠣᠣᠷᠲᠤ ᠡᠮ ᠲᠠᠷᠢᠭᠰᠠᠨ ᠲᠡᠳᠦᠢ᠃ ᠴᠢᠨᠠᠷ ᠳᠡᠭᠡᠷ᠎ᠡ ᠪᠡᠨ ᠪᠣᠯ ᠪᠦᠷ ᠮᠢᠨᠦ ᠨᠠᠷᠢᠨ ᠨᠢᠭᠲᠠ ᠪᠣᠳᠣᠯᠬᠢᠯᠠᠨ ᠲᠥᠯᠥᠪᠯᠡᠵᠦ᠂ ᠵᠣᠷᠢᠯᠭ᠎ᠠ ᠲᠠᠢ ᠪᠠᠷ ᠬᠥᠮᠦᠨ ᠠᠯᠠᠭᠰᠠᠨ ᠶᠠᠯᠠᠲᠤ ᠠᠵᠢᠯᠯᠠᠭ᠎ᠠ ᠮᠥᠨ᠃ ᠡᠳᠦᠭᠡ ᠪᠢ ᠪᠣᠯᠤᠷᠴᠠᠭᠠᠨ ᠢ᠋ ᠦᠳᠲᠡᠷ ᠲᠦᠷᠭᠡᠨ ᠰᠤᠯᠠᠯᠠᠨ᠂ ᠨᠠᠮ᠎ᠠ ᠶᠢ ᠪᠠᠷᠢᠪᠴᠢᠯᠠᠨ ᠰᠢᠢᠳᠬᠡᠬᠦ ᠶ᠋ᠢ ᠱᠠᠭᠠᠷᠳᠠᠶ᠎ᠠ᠃ ᠪᠢ ᠢᠩᠭᠢᠵᠦ ᠲᠡᠭᠷᠢ ᠲᠤᠯᠤᠮ᠎ᠠ ᠶᠠᠯᠠᠲᠤ ᠬᠡᠷᠡᠭ ᠢ᠋ᠶ᠋ᠡᠨ ᠬᠥᠮᠦᠨ ᠳ᠋ᠦ᠍ ᠨᠥᠮᠥᠷᠭᠡᠨ ᠭᠦᠵᠢᠷᠯᠡᠭᠡᠳ ᠶᠠᠯ᠎ᠠ ᠳᠡᠭᠡᠷ᠎ᠡ ᠪᠡᠨ ᠶᠠᠯ᠎ᠠ ᠨᠡᠮᠡᠭᠰᠡᠨ᠃ ᠪᠣᠯᠤᠷᠴᠠᠭᠠᠨ ᠢ᠋ᠶ᠋ᠠᠷ ᠬᠠᠭᠤᠷᠮᠠᠭ ᠭᠡᠷᠡᠴᠢ ᠬᠢᠯᠭᠡᠨ ᠬᠦᠨᠳᠦ ᠰᠦᠷᠡᠬᠡᠢ ᠬᠢᠯᠢᠰ ᠪᠤᠷᠤᠭᠤ ᠶ᠋ᠢ ᠪᠣᠢ ᠪᠣᠯᠭᠠᠭᠰᠠᠨ ᠭᠡᠯᠳᠦᠷᠢᠰᠢ ᠦᠭᠡᠢ ᠶᠠᠯ᠎ᠠ ᠲᠠᠢ᠃ ᠪᠢ ᠬᠠᠤᠯᠢ ᠶ᠋ᠢᠨ ᠬᠠᠷᠢᠭᠤᠴᠠᠯᠭ᠎ᠠ ᠡᠭᠦᠷᠦᠨ ᠠᠯᠠᠭᠳᠠᠬᠤ ᠡᠷᠡᠭᠦᠦ ᠪᠡᠷ ᠰᠢᠢᠳᠬᠡᠭᠳᠡᠬᠦ ᠳ᠋ᠦ᠍ ᠭᠣᠮᠣᠳᠠᠵᠤ ᠬᠠᠷᠠᠮᠰᠠᠬᠤ ᠤᠴᠢᠷ ᠥᠴᠦᠬᠡᠨ ᠴᠦ᠍ ᠦᠭᠡᠢ᠃
— ᠦᠨᠡᠨ ᠳᠦ ᠪᠡᠨ ᠨᠠᠰᠤᠨ ᠲᠤᠷᠰᠢ ᠲᠥᠯᠥᠵᠦ ᠳᠠᠭᠤᠰᠤᠰᠢ ᠦᠭᠡᠢ ᠰᠡᠳᠬᠢᠯ ᠦ᠋ᠨ ᠳᠠᠷᠤᠭᠠᠰᠤ᠂ ᠬᠥᠮᠦᠨᠴᠢ ᠴᠢᠨᠠᠷ ᠤ᠋ᠨ ᠥᠷᠢ ᠡᠭᠦᠷᠦᠨ ᠠᠮᠢᠳᠤᠷᠠᠭᠠᠳ ᠶᠠᠮᠠᠷ ᠴᠦ᠍ ᠤᠳᠬ᠎ᠠ ᠠᠭᠤᠯᠭ᠎ᠠ ᠦᠭᠡᠢ᠃ ᠮᠢᠨᠦ ᠠᠮᠢ ᠨᠠᠰᠤᠨ ᠤ᠋ ᠡᠴᠦᠰ ᠦ᠋ᠨ ᠡᠳᠦᠷ ᠪᠣᠯ ᠳᠠᠷᠤᠢ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠦ᠋ᠨ ᠦᠨᠡᠨ ᠴᠠᠭᠠᠨ ᠨᠢ ᠢᠯᠭᠠᠷᠠᠭᠰᠠᠨ ᠴᠠᠭᠠᠳᠬᠠᠯ ᠪᠣᠯᠬᠤ ᠶᠤᠮ ᠭᠡᠳ ᠦᠭᠡ ᠪᠡᠨ ᠵᠣᠭᠰᠣᠭᠠᠯ᠎ᠠ᠃
ᠡᠦ ᠹᠧᠩ ᠮᠧᠢ ᠢ ᠢᠩᠭᠢᠵᠦ ᠤᠳᠠᠲᠠᠯ᠎ᠠ ᠶᠠᠷᠢᠬᠤ ᠳ᠋ᠤ᠌ ᠬᠥᠮᠦᠰ ᠪᠦᠷ ᠶᠠᠷᠰᠢᠭ ᠲᠦᠪᠡᠭ ᠭᠡᠵᠦ ᠪᠣᠳᠣᠭᠰᠠᠨ ᠦᠭᠡᠢ ᠪᠣᠯᠤᠯᠲᠠᠢ᠃ ᠲᠡᠭᠦᠨ ᠢ᠋ ᠶᠠᠷᠢᠵᠤ ᠪᠠᠷᠠᠲᠠᠯ᠎ᠠ ᠪᠦᠬᠦ ᠲᠢᠩᠬᠢᠮ ᠨᠠᠮᠵᠢᠭᠤᠨ ᠲᠣᠭᠲᠠᠭᠤᠨ ᠪᠠᠢᠪᠠ᠃ ᠡᠨᠡ ᠬᠦ᠌ ᠭᠡᠷᠡᠴᠢ ᠳᠠᠩᠴᠤ ᠬᠥᠮᠦᠨ ᠦ᠌ ᠰᠠᠨᠠᠭᠠᠨ ᠠ᠋ᠴᠠ ᠭᠠᠳᠠᠭᠤᠷ ᠪᠣᠯᠵᠠᠢ᠃ ᠬᠥᠮᠦᠰ ᠶᠠᠭ ᠯᠠ ᠶᠠᠮᠠᠷ ᠨᠢᠭᠡᠨ ᠳᠤᠷ᠎ᠠ ᠰᠣᠨᠢᠷᠬᠠᠯᠲᠤ ᠤᠪᠠᠳᠢᠰ ᠲᠤ᠌ ᠰᠣᠷᠣᠭᠳᠠᠨ ᠲᠠᠲᠠᠭᠳᠠᠭᠰᠠᠨ ᠮᠡᠲᠦ ᠨᠢᠳᠦ ᠪᠦᠯᠲᠡᠢᠨ ᠴᠢᠩᠨᠠᠨ ᠰᠠᠭᠤᠵᠠᠭᠠᠵᠤ ᠪᠠᠢᠯ᠎ᠠ᠃
ᠵᠠᠭᠠᠯᠳᠤᠭᠳᠠᠭᠴᠢ ᠪᠤᠯᠤᠷᠴᠠᠭᠠᠨ ᠤ᠋ ᠴᠢᠷᠠᠢ ᠴᠠᠢᠷᠠᠨ ᠬᠤᠵᠢᠢᠵᠤ᠂ ᠪᠡᠶ᠎ᠡ ᠨᠢ ᠴᠡᠴᠡᠷᠬᠢᠯᠡᠨ᠂ ᠲᠣᠯᠣᠭᠠᠢ ᠪᠠᠨ ᠡᠷᠭᠦᠬᠦ ᠵᠣᠷᠢᠭ ᠴᠦ᠍ ᠦᠭᠡᠢ ᠪᠣᠯᠤᠭᠰᠠᠨ ᠨᠢ ᠢᠯᠡᠬᠡᠨ ᠪᠠᠢᠯ᠎ᠠ᠃
ᠲᠢᠩᠬᠢᠮ ᠦ᠋ᠨ ᠳᠠᠷᠤᠭ᠎ᠠ ᠲᠦᠪᠰᠢᠨ ᠴᠣᠬᠣᠮ ᠬᠣᠷᠣᠰᠴᠤ ᠪᠠᠢᠬᠤ ᠶᠤᠮ ᠤᠤ ᠪᠠᠶᠠᠷᠯᠠᠵᠤ ᠪᠠᠢᠬᠤ ᠶᠤᠮ ᠤᠤ? ᠪᠤᠤ ᠮᠡᠳᠡ᠂ ᠰᠡᠳᠬᠢᠯᠭᠡ ᠪᠡᠨ ᠴᠢᠨᠡᠭᠡ ᠪᠡᠷ ᠢ᠋ᠶ᠋ᠡᠨ ᠳᠠᠷᠤᠵᠤ ᠪᠠᠢᠬᠤ ᠰᠢᠭ᠋ ᠪᠠᠢᠯ᠎ᠠ᠃ ᠲᠡᠭᠡᠭᠡᠳ ᠲᠡᠷᠡ ᠬᠠᠵᠠᠭᠤ ᠳ᠋ᠠᠬᠢ ᠬᠣᠶᠠᠷ ᠬᠠᠪᠰᠤᠷᠤᠨ ᠰᠢᠭᠦᠭᠴᠢ ᠲᠡᠢ ᠪᠡᠨ ᠲᠣᠯᠣᠭᠠᠢ ᠲᠣᠬᠢᠯᠴᠠᠨ ᠡᠳᠦᠢ ᠲᠡᠳᠦᠢ ᠶᠠᠷᠢᠯᠴᠠᠵᠤ ᠠᠪᠤᠭᠠᠳ᠄
— ᠡᠦ ᠹᠧᠩ ᠮᠧᠢ᠂ ᠴᠢ ᠪᠣᠯᠤᠷᠴᠠᠭᠠᠨ ᠳ᠋ᠤ᠌ ᠥᠭᠭᠦᠭᠰᠡᠨ ᠡᠮ ᠲᠡᠢ ᠬᠡᠳᠦᠨ ᠯᠣᠩᠬᠣ Aᠭᠤᠷᠪᠠᠳᠤᠭᠠᠷ ᠢ᠋ ᠨᠡᠢᠯᠡᠭᠦᠯᠦᠭᠰᠡᠨ ᠪᠣᠢ? ᠭᠡᠵᠦ ᠠᠰᠠᠭᠤᠪᠠ᠃
— ᠴᠡᠭᠡᠵᠢᠯᠡᠵᠦ ᠪᠠᠢᠬᠤ ᠪᠠᠷ ᠨᠢᠭᠡ ᠯᠣᠩᠬᠣ᠃ ᠲᠡᠭᠦᠨ ᠢ᠋ ᠬᠡᠯᠡᠵᠦ ᠪᠠᠷᠠᠬᠤ ᠠ᠋ᠴᠠ ᠡᠮᠦᠨ᠎ᠡ ᠪᠣᠯᠤᠷᠴᠠᠭᠠᠨ ᠰᠠᠭᠤᠭᠰᠠᠨ ᠰᠢᠷᠡᠭᠡᠨ ᠡᠴᠡ ᠪᠡᠨ ᠪᠡᠶ᠎ᠡ ᠡᠷᠭᠢᠨ ᠰᠢᠷᠦᠭᠦᠬᠡᠨ ᠭᠡᠭᠴᠢ ᠲᠡᠭᠦᠨ ᠢ᠋ ᠬᠠᠷᠠᠪᠠ᠃ ᠡᠦ ᠹᠧᠩ ᠮᠧᠢ ᠴᠦ᠍ ᠨᠢᠳᠦ ᠢᠷᠮᠡᠬᠦ ᠶ᠋ᠢ ᠠᠨᠳᠠᠬᠤ ᠦᠭᠡᠢ ᠰᠡᠷᠭᠡᠭ ᠰᠡᠷᠭᠦᠯᠡᠩ ᠡᠬᠡᠨᠡᠷ ᠰᠠᠨᠵᠠᠢ᠃ ᠲᠡᠷᠡ ᠳᠣᠣᠷ᠎ᠠ ᠨᠢ ᠤᠷᠤᠭᠤᠯ ᠢ᠋ᠶ᠋ᠠᠨ ᠵᠠᠭᠤᠰᠬᠢᠭᠠᠳ᠄
— ᠰᠢᠭᠦᠭᠴᠢ ᠳᠠᠷᠤᠭ᠎ᠠ ᠠ᠋ ᠂ ᠬᠣᠶᠠᠷ ᠯᠣᠩᠬᠣ ᠴᠦ᠍ ᠪᠠᠢᠵᠤ ᠮᠡᠳᠡᠨ᠎ᠡ᠃ ᠲᠤᠬᠠᠢ ᠶ᠋ᠢᠨ ᠦᠶ᠎ᠡ ᠳ᠋ᠦ᠍ ᠪᠢ ᠥᠩᠭᠡᠷᠡᠦ ᠶᠠᠭᠠᠷᠠᠵᠤ ᠰᠠᠨᠳᠤᠷᠴᠤ᠂ ᠠᠶᠤᠵᠤ ᠰᠣᠴᠢᠭᠰᠠᠨ ᠤ᠋ ᠳᠡᠭᠡᠷ᠎ᠡ ᠡᠳᠦᠢ ᠤᠳᠠᠴᠢᠬᠠᠭᠰᠠᠨ ᠪᠣᠯᠬᠣᠷ ᠴᠥᠮ ᠬᠡᠳᠦᠨ ᠯᠣᠩᠬᠣ ᠨᠡᠢᠯᠡᠭᠦᠯᠦᠭᠰᠡᠨ ᠢ᠋ᠶ᠋ᠡᠨ ᠲᠣᠳᠣᠷᠬᠠᠢ ᠪᠣᠳᠣᠵᠤ ᠣᠯᠬᠤ ᠦᠭᠡᠢ ᠪᠠᠢᠨ᠎ᠠ ᠭᠡᠪᠡ᠃
— ᠴᠢ ᠶᠠᠭᠠᠬᠢᠭᠠᠳ ᠪᠤᠯᠤᠷᠴᠠᠭᠠᠨ ᠳ᠋ᠤ᠌ Aᠭᠤᠷᠪᠠᠳᠤᠭᠠᠷ ᠥᠭᠬᠦ ᠶ᠋ᠢ ᠪᠣᠳᠣᠵᠤ ᠣᠯᠤᠭᠰᠠᠨ ᠪᠣᠢ?
— ᠤᠴᠢᠷ ᠨᠢ Aᠭᠤᠷᠪᠠᠳᠤᠭᠠᠷ Bᠵᠢᠷᠭᠤᠳᠤᠭᠠᠷ ᠨᠡᠢᠯᠡᠪᠡᠯ ᠰᠢᠷᠦᠭᠦᠨ ᠤᠷᠪᠠᠯ ᠡᠭᠦᠰᠴᠦ ᠬᠥᠮᠦᠨ ᠦ᠌ ᠠᠮᠢᠨ ᠳ᠋ᠤ᠌ ᠬᠦᠷᠬᠦ ᠶᠦᠮ᠃
— ᠴᠢ ᠥᠭᠡᠷ᠎ᠡ ᠬᠣᠣᠷᠲᠤ ᠡᠮ ᠥᠭᠬᠦ ᠶ᠋ᠢ ᠪᠣᠳᠣᠯᠬᠢᠯᠠᠭᠰᠠᠨ ᠦᠭᠡᠢ ᠤᠤ?
— ᠦᠭᠡᠢ᠃
— ᠦᠵᠡᠰᠬᠦᠯᠡᠩ ᠲᠡᠷᠡ ᠰᠥᠨᠢ ᠬᠣᠣᠷᠯᠠᠭᠳᠠᠭᠰᠠᠨ ᠢ᠋ ᠴᠢ ᠶᠠᠭᠠᠬᠢᠭᠠᠳ ᠳᠣᠣᠷ᠎ᠠ ᠨᠢ ᠮᠡᠳᠡᠭᠰᠡᠨ ᠪᠣᠢ?
— ᠪᠢ᠁ᠪᠢ᠁
— ᠶᠠᠭᠠᠬᠢᠵᠤ ᠮᠡᠳᠡᠭᠰᠡᠨ ᠪᠣᠢ?
— ᠪᠢ ᠬᠣᠣᠷᠲᠤ ᠡᠮ ᠥᠭᠭᠦᠭᠰᠡᠨ ᠦ᠌ ᠪᠡᠨ ᠳᠠᠷᠠᠭ᠎ᠠ᠂ ᠦᠵᠡᠰᠬᠦᠯᠡᠩ ᠲᠡᠷᠡ ᠬᠡᠳᠦᠨ ᠡᠳᠦᠷ ᠲᠦ᠍ ᠦᠬᠦᠬᠦ ᠶ᠋ᠢ ᠪᠠᠷᠤᠭᠯᠠᠵᠤ ᠪᠠᠢᠭᠰᠠᠨ ᠠ᠋ᠴᠠ ᠡᠳᠦᠷ ᠪᠦᠷᠢ ᠠᠯᠳᠠᠯ ᠦᠭᠡᠢ ᠰᠤᠷᠠᠭᠯᠠᠨ᠂ ᠰᠡᠮᠡᠬᠡᠷ ᠲᠠᠩᠨᠠᠨ ᠠᠩᠬᠠᠷᠳᠠᠭ᠃ ᠲᠡᠭᠡᠭᠡᠳ ᠲᠡᠷᠡ ᠥᠷᠯᠥᠭᠡ ᠡᠷᠲᠡ ᠪᠢ ᠬᠥᠮᠦᠰ ᠦ᠋ᠨ ᠬᠡᠯᠡᠯᠴᠡᠬᠦ ᠶ᠋ᠢ ᠣᠯᠵᠤ ᠰᠣᠨᠣᠰᠤᠭᠠᠳ ᠬᠣᠷᠢᠭᠤᠯ ᠤ᠋ᠨ ᠭᠠᠵᠠᠷ ᠲᠤ᠌ ᠣᠴᠢᠭᠰᠠᠨ ᠶᠤᠮ᠃
— ᠴᠢᠮᠠᠲᠤ ᠥᠭᠡᠷ᠎ᠡ ᠪᠠᠰᠠ ᠨᠥᠬᠥᠪᠥᠷᠢᠯᠡᠵᠦ ᠬᠡᠯᠡᠬᠦ ᠵᠦᠢᠯ ᠪᠠᠢᠨ᠎ᠠ ᠤᠤ?
— ᠦᠭᠡᠢ᠃
ᠲᠦᠪᠰᠢᠨ᠂ ᠡᠦ ᠹᠧᠩ ᠮᠧᠢ ᠶ᠋ᠢ ᠨᠡᠯᠢᠶᠡᠳ ᠬᠠᠷᠠᠭᠰᠠᠨ ᠤ᠋ ᠳᠠᠷᠠᠭ᠎ᠠ ᠬᠠᠪᠰᠤᠷᠤᠨ ᠰᠢᠭᠦᠭᠴᠢ ᠨᠠᠷ ᠲᠠᠢ ᠪᠠᠨ ᠵᠢᠭᠠᠬᠠᠨ ᠶᠠᠷᠢᠯᠴᠠᠵᠤ ᠠᠪᠤᠭᠠᠳ ᠲᠣᠯᠣᠭᠠᠢ ᠪᠠᠨ ᠡᠪᠦᠳᠦᠭ ᠦ᠋ᠨ ᠬᠣᠭᠣᠷᠣᠨᠳᠣ ᠪᠠᠨ ᠰᠢᠷᠭᠤᠭᠤᠯᠤᠮᠠ ᠪᠥᠬᠥᠢᠵᠦ᠂ ᠴᠡᠴᠡᠷᠡᠨ ᠰᠠᠭᠤᠭ᠎ᠠ ᠪᠣᠯᠤᠷᠴᠠᠭᠠᠨ ᠢ᠋ ᠰᠢᠷᠲᠡᠭᠰᠡᠭᠡᠷ᠄
— ᠪᠣᠯᠤᠷᠴᠠᠭᠠᠨ᠂ ᠡᠦ ᠹᠧᠩ ᠮᠧᠢ ᠶ᠋ᠢᠨ ᠭᠡᠷᠡᠴᠢ ᠦᠨᠡᠨ ᠤᠤ? ᠭᠡᠮᠡᠨ ᠳᠡᠰ ᠭᠡᠲᠡᠯ᠎ᠡ ᠠᠰᠠᠭᠤᠯ᠎ᠠ᠃
ᠪᠤᠯᠤᠷᠴᠠᠭᠠᠨ ᠤᠳᠠᠲᠠᠯ᠎ᠠ ᠡᠭᠦᠨ ᠢ᠋ ᠬᠠᠷᠢᠭᠤᠯᠵᠤ ᠴᠢᠳᠠᠬᠤ ᠦᠭᠡᠢ ᠪᠠᠢᠯ᠎ᠠ᠃ ᠲᠦᠪᠰᠢᠨ ᠡᠷᠭᠢᠭᠡᠳ ᠬᠠᠪᠰᠤᠷᠤᠨ ᠰᠢᠭᠦᠭᠴᠢ ᠨᠠᠷ ᠠ᠋ᠴᠠ ᠶᠠᠭᠤᠮ᠎ᠠ ᠠᠰᠠᠭᠤᠬᠤ ᠰᠢᠭ᠋ ᠪᠣᠯᠤᠭᠰᠠᠨ ᠢ᠋ᠶ᠋ᠠᠨ ᠣᠷᠣ ᠠ᠋ᠴᠠ ᠪᠠᠨ ᠪᠣᠰᠴᠤ ᠵᠣᠭᠰᠣᠪᠠ᠃ ᠲᠡᠭᠡᠭᠡᠳ ᠲᠡᠷᠡ ᠬᠣᠭᠣᠯᠠᠢ ᠪᠠᠨ ᠵᠠᠰᠠᠭᠠᠳ᠄
— ᠵᠠᠭᠠᠯᠳᠤᠭᠳᠠᠭᠴᠢ ᠪᠣᠯᠤᠷᠴᠠᠭᠠᠨ ᠠ᠋᠂ ᠬᠥᠮᠦᠨ ᠠᠯᠠᠭᠰᠠᠨ ᠬᠡᠷᠡᠭ ᠢ᠋ ᠴᠢᠨᠢ ᠢᠯᠡ ᠪᠡᠷ ᠰᠢᠭᠦᠬᠦ ᠶᠠᠪᠤᠴᠠ ᠳ᠋ᠤ᠌ ᠴᠢᠨᠦ ᠬᠡᠷᠡᠭ ᠦ᠋ᠨ ᠦᠨᠡᠨ ᠬᠤᠳᠠᠯ ᠪᠣᠯᠤᠨ ᠰᠢᠨᠵᠢ ᠴᠢᠨᠠᠷ ᠢ᠋ ᠨᠥᠯᠥᠭᠡᠯᠡᠬᠦ ᠰᠢᠭᠤᠳ ᠭᠡᠷᠡᠴᠢ ᠭᠠᠷᠴᠤ ᠢᠷᠡᠪᠡ᠃ ᠮᠠᠨ ᠤ᠋ ᠤᠯᠤᠰ ᠤ᠋ᠨ ᠡᠷᠡᠭᠦᠦ ᠶ᠋ᠢᠨ ᠬᠠᠤᠯᠢ ᠪᠣᠯᠤᠨ ᠡᠷᠡᠭᠦᠦ ᠶ᠋ᠢᠨ ᠵᠠᠷᠭᠤ ᠶ᠋ᠢᠨ ᠬᠠᠤᠯᠢ ᠶ᠋ᠢᠨ ᠬᠠᠮᠢᠶ᠎ᠠ ᠪᠦᠬᠦᠢ ᠲᠣᠭᠲᠠᠭᠠᠯ ᠵᠤᠷᠪᠤᠰ ᠢ᠋ ᠦᠨᠳᠦᠰᠦᠯᠡᠨ᠂ ᠥᠨᠥᠳᠥᠷ ᠦ᠋ᠨ ᠢᠯᠡ ᠰᠢᠭᠦᠯᠲᠡ ᠶ᠋ᠢ ᠡᠨᠳᠡ ᠬᠦᠷᠭᠡᠨ ᠲᠦᠷ ᠵᠣᠭᠰᠣᠭᠠᠵᠤ᠂ ᠬᠠᠮᠢᠶ᠎ᠠ ᠪᠦᠬᠦᠢ ᠶᠠᠪᠤᠳᠠᠯ ᠢ᠋ ᠳᠠᠬᠢᠨ ᠪᠠᠢᠴᠠᠭᠠᠵᠤ ᠲᠣᠳᠣᠷᠬᠠᠢᠯᠠᠨ᠎ᠠ᠃
— ᠡᠦ ᠹᠧᠩ ᠮᠧᠢ ᠶ᠋ᠢᠨ ᠭᠡᠷᠡᠴᠢ ᠳ᠋ᠦ᠍ ᠬᠡᠯᠡᠯᠭᠡᠨ ᠦᠭᠡᠢ ᠴᠢᠨᠦ ᠬᠡᠷᠡᠭ ᠢ᠋ ᠦᠨᠳᠦᠰᠦᠨ ᠳᠦ ᠪᠡᠨ ᠦᠭᠡᠢᠰᠭᠡᠬᠦ ᠠᠭᠤᠯᠭ᠎ᠠ ᠪᠠᠭᠲᠠᠵᠤ ᠪᠠᠢᠬᠤ ᠪᠣᠯᠪᠠᠴᠤ ᠮᠠᠨ ᠤ᠋ ᠤᠯᠤᠰ ᠤ᠋ᠨ ᠡᠷᠡᠭᠦᠦ ᠶ᠋ᠢᠨ ᠬᠠᠤᠯᠢ ᠳ᠋ᠤ᠌᠂ ᠠᠯᠢᠪᠠ ᠭᠡᠷᠡᠴᠢ ᠪᠠᠷᠢᠮᠲᠠ ᠶ᠋ᠢ ᠵᠠᠪᠠᠯ ᠳᠠᠬᠢᠨ ᠳᠠᠪᠲᠠᠨ ᠪᠠᠢᠴᠠᠭᠠᠵᠤ᠂ ᠣᠯᠠᠨ ᠲᠠᠯ᠎ᠠ ᠪᠠᠷ ᠲᠤᠯᠭᠠᠨ ᠬᠠᠷᠢᠴᠠᠭᠤᠯᠵᠤ᠂ ᠯᠠᠪᠲᠠᠢ ᠦᠨᠡᠨ ᠮᠠᠭᠠᠳ ᠪᠣᠯᠤᠭᠰᠠᠨ ᠦᠶ᠎ᠡ ᠳ᠋ᠦ᠍ ᠰᠠᠶᠢ ᠬᠦᠴᠦᠨ ᠲᠡᠢ ᠪᠣᠯᠵᠤ ᠭᠡᠷᠡᠴᠢ ᠶ᠋ᠢᠨ ᠦᠢᠯᠡᠳᠦᠯ ᠭᠠᠷᠭᠠᠨ᠎ᠠ ᠭᠡᠵᠦ ᠲᠣᠳᠣᠷᠬᠠᠢ ᠲᠣᠭᠲᠠᠭᠠᠭᠰᠠᠨ ᠪᠠᠢᠳᠠᠭ᠃
— ᠡᠢᠮᠦ ᠡᠴᠡ ᠪᠢᠳᠡ ᠦᠷᠭᠦᠯᠵᠢᠯᠡᠨ ᠮᠥᠷᠳᠡᠨ ᠪᠠᠢᠴᠠᠭᠠᠵᠤ ᠲᠣᠳᠣᠯᠠᠭᠰᠠᠨ ᠤ᠋ ᠳᠠᠷᠠᠭ᠎ᠠ ᠰᠢᠢᠳᠪᠦᠷᠢ ᠭᠠᠷᠭᠠᠨ᠎ᠠ᠃ ᠣᠳᠣ ᠲᠤᠰ ᠢᠯᠡ ᠰᠢᠭᠦᠯᠲᠡ ᠲᠦᠷ ᠵᠠᠪᠰᠠᠷᠯᠠᠭᠰᠠᠨ ᠢ᠋ ᠨᠡᠢᠲᠡᠯᠡᠶᠡ ᠭᠡᠪᠡ᠃
ᠤᠩᠰᠢᠭ᠌ᠰᠠᠨ ᠨᠢ᠄ ᠴᠡᠴᠡᠭᠮ᠎ᠠ
