ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠴᠢᠨ ᠬᠣᠶᠠᠷ> Хялгасан дөрөөн дээр – Хасвулаг зохиов <32>
ᠬᠢᠯᠭᠠᠰᠤᠨ ᠳᠥᠷᠥᠭᠡᠨ ᠳᠡᠭᠡᠷ᠎ᠡ - <ᠭᠤᠴᠢᠨ ᠬᠣᠶᠠᠷ>
ᠭᠤᠴᠢᠨ ᠬᠣᠶᠠᠷ
— ᠣᠳᠣᠬᠠᠨ ᠤ᠋ ᠭᠡᠷᠡᠴᠢ ᠪᠠᠷᠢᠮᠲᠠ ᠠ᠋ᠴᠠ ᠦᠵᠡᠪᠡᠯ᠂ ᠡᠦ ᠹᠧᠩ ᠮᠧᠢ ᠳ᠋ᠦ᠍ ᠶᠠᠯ᠎ᠠ ᠲᠣᠬᠣᠬᠤ ᠨᠢ ᠪᠠᠷᠢᠮᠲᠠ ᠪᠠᠷ ᠠᠨᠠᠢᠬᠠᠨ ᠪᠠᠢᠵᠤ᠂ ᠲᠡᠭᠡᠵᠦ ᠳ᠋ᠦᠩᠨᠡᠯᠲᠡ ᠥᠭᠬᠦ ᠨᠢ ᠠᠬᠠᠳᠠᠬᠤ ᠬᠡᠷᠡᠭ ᠪᠣᠯᠤᠨ᠎ᠠ ᠰᠢᠦ᠃
— ᠦ᠂ ᠳᠡᠭᠡᠷ᠎ᠡ ᠤᠳᠠᠭ᠎ᠠ ᠪᠢ ᠴᠢᠮ᠎ᠠ ᠳ᠋ᠤ᠌ ᠦᠵᠡᠰᠬᠦᠯᠡᠩ ᠦ᠋ᠨ ᠬᠡᠭᠦᠷ ᠢ᠋ ᠲᠠᠬᠢᠵᠤ ᠲᠤᠶᠠᠴᠢᠨ ᠪᠠᠢᠴᠠᠭᠠᠯ᠎ᠠ ᠭᠡᠵᠦ ᠬᠡᠯᠡᠭᠡᠳ ᠵᠣᠭᠰᠣᠭᠰᠠᠨ ᠪᠢᠵᠡ᠃
— ᠪᠢ ᠬᠠᠰᠢ ᠯᠠ ᠲᠡᠨᠳᠡ ᠡᠴᠡ ᠵᠠᠯᠭᠠᠭᠠᠳ ᠶᠠᠷᠢᠶ᠎ᠠ᠃ ᠮᠠᠨ ᠤ᠋ ᠲᠡᠷᠡ 《ᠠᠰᠠᠷ ᠬᠠᠮᠠᠷᠲᠤ》 ᠡᠨᠡ ᠤᠳᠠᠭᠠᠨ ᠤ᠋ ᠲᠤᠶᠠᠴᠢᠯ ᠪᠠᠢᠴᠠᠭᠠᠯᠲᠠ ᠶ᠋ᠢ ᠰᠦᠷᠡᠬᠡᠢ ᠨᠠᠷᠢᠨ ᠬᠢᠭᠰᠡᠨ ᠰᠢᠦ ᠭᠡᠳ ᠦᠭᠡ ᠪᠡᠨ ᠵᠠᠪᠰᠠᠷᠯᠠᠨ ᠪᠣᠰᠴᠤ ᠵᠣᠭᠰᠣᠭᠠᠳ᠂ ᠬᠠᠲᠠᠩᠭᠢᠷ ᠰᠢᠷ᠎ᠠ ᠲᠣᠯᠣᠭᠠᠢ ᠪᠠᠨ ᠪᠠᠰᠢᠷ ᠲᠠᠢ ᠭᠡᠭᠴᠢ ᠳᠠᠮᠠᠷᠤᠳᠠᠨ᠂ ᠳᠡᠷᠭᠡᠳᠡᠬᠢ ᠪᠠᠲᠤᠯᠠᠭᠠᠲᠤ ᠠᠪᠳᠠᠷ᠎ᠠ ᠪᠠᠨ ᠨᠡᠭᠡᠭᠡᠪᠡ᠃ ᠲᠡᠭᠡᠭᠡᠳ ᠳᠣᠲᠣᠷ᠎ᠠ ᠠ᠋ᠴᠠ ᠨᠢ ᠨᠢᠭᠡ ᠬᠤᠪᠢ ᠠᠯᠪᠠᠨ ᠪᠢᠴᠢᠭ ᠦ᠋ᠨ ᠬᠡᠯᠪᠡᠷᠢ ᠶ᠋ᠢᠨ ᠶᠠᠭᠤᠮ᠎ᠠ ᠭᠠᠷᠭᠠᠭᠠᠳ᠄
— ᠴᠢ ᠡᠭᠦᠨ ᠢ᠋ ᠦᠵᠡ ᠭᠡᠯᠡ᠃ ᠬᠥᠬᠡᠲᠤᠯᠢ ᠠᠪᠤᠭᠠᠳ ᠦᠵᠡᠬᠦᠯ᠎ᠡ ᠬᠡᠭᠦᠷ ᠲᠤᠶᠠᠴᠢᠭᠰᠠᠨ ᠨᠢᠭᠡ ᠬᠤᠪᠢ ᠮᠡᠷᠭᠡᠵᠢᠯ ᠦ᠋ᠨ ᠬᠢᠨᠠᠨ ᠲᠣᠭᠲᠠᠭᠠᠯ ᠪᠠᠢᠵᠠᠢ᠃
ᠲᠡᠭᠦᠨ ᠳᠦ ᠪᠡᠨ᠄ ᠬᠣᠣᠷᠯᠠᠭᠳᠠᠭᠴᠢ ᠦᠵᠡᠰᠬᠦᠯᠡᠩ ᠦ᠋ᠨ ᠠᠪᠰᠠ ᠶ᠋ᠢ ᠳᠠᠬᠢᠨ ᠨᠡᠭᠡᠭᠡᠵᠦ ᠲᠤᠶᠠᠴᠢᠨ ᠪᠠᠢᠴᠠᠭᠠᠭᠰᠠᠨ ᠢ᠋ᠶ᠋ᠠᠷ᠂ ᠪᠠᠷᠠᠭᠤᠨ ᠬᠤᠨᠳᠤᠴᠠᠭ ᠤ᠋ᠨ ᠬᠢᠨᠢ ᠵᠡᠭᠦᠦ ᠴᠣᠬᠢᠬᠤ ᠳ᠋ᠤ᠌ ᠠᠷᠢᠭᠤᠳᠬᠠᠭᠰᠠᠨ ᠴᠦᠢᠳ᠋ᠧᠩ ᠦ᠋ᠨ ᠬᠠᠢᠷᠴᠠᠭ ᠤ᠋ᠨ ᠲᠡᠳᠦᠢ ᠴᠢᠨᠡᠭᠡᠨ ᠠᠷᠠᠰᠤᠨ ᠠ᠋ᠴᠠ ᠰᠢᠷᠦᠭᠦᠨ ᠬᠣᠣᠷᠲᠤ ᠡᠮCC66 ᠳ᠋ᠤᠭᠠᠷ ᠤ᠋ᠨ ᠪᠦᠷᠢᠯᠳᠦᠬᠦᠨ ᠢᠯᠡᠷᠡᠪᠡ᠃ ᠡᠭᠦᠨ ᠡᠴᠡ ᠦᠵᠡᠰᠬᠦᠯᠡᠩ ᠰᠢᠷᠦᠭᠦᠨ ᠬᠣᠣᠷᠲᠤ ᠡᠮ CC66 ᠳ᠋ᠤᠭᠠᠷ ᠲᠤ᠌ ᠬᠣᠣᠷᠳᠠᠭᠳᠠᠵᠤ ᠦᠬᠦᠵᠡᠢ ᠭᠡᠵᠦ ᠮᠠᠭᠠᠳᠯᠠᠵᠤ ᠪᠣᠯᠤᠨ᠎ᠠ᠃ ᠮᠡᠷᠭᠡᠵᠢᠯ ᠦ᠋ᠨ ᠬᠢᠨᠠᠨ ᠲᠣᠭᠲᠠᠭᠠᠭᠴᠢ ᠬᠠᠨ ᠱᠧᠦ ᠵᠦᠩ ᠭᠡᠵᠡᠢ᠃
ᠵᠠᠯᠠᠭᠤ ᠪᠢᠴᠢᠭᠡᠴᠢ ᠬᠢᠨᠠᠨ ᠲᠣᠭᠲᠠᠭᠠᠯ ᠤ᠋ᠨ ᠪᠢᠴᠢᠭ ᠢ᠋ ᠭᠠᠷ ᠲᠤ ᠪᠠᠨ ᠪᠠᠷᠢᠭᠠᠳ ᠨᠢᠳᠦ ᠪᠡᠨ ᠢᠲᠡᠭᠡᠬᠦ ᠦᠭᠡᠢ ᠨᠢᠭᠡ ᠵᠡᠷᠭᠡ ᠠᠯᠮᠠᠢᠷᠠᠬᠤ ᠳ᠋ᠤ᠌᠂ ᠲᠦᠪᠰᠢᠨ ᠲᠡᠭᠦᠨ ᠦ᠌ ᠭᠠᠷ ᠠ᠋ᠴᠠ ᠮᠡᠷᠭᠡᠵᠢᠯ ᠦ᠋ᠨ ᠬᠢᠨᠠᠨ ᠲᠣᠭᠲᠠᠭᠠᠯ ᠢ᠋ ᠪᠤᠴᠠᠭᠠᠨ ᠠᠪᠤᠭᠠᠳ᠄
— ᠡᠨᠡ ᠬᠦ᠌ ᠨᠢᠭᠤᠴᠠ ᠢᠯᠡᠷᠡᠭᠰᠡᠨ ᠨᠢ ᠦᠵᠡᠰᠬᠦᠯᠡᠩ ᠪᠣᠯᠤᠨ ᠪᠣᠯᠤᠷᠴᠠᠭᠠᠨ ᠤ᠋ ᠬᠡᠷᠡᠭ ᠲᠦ᠍ ᠠᠪᠴᠤ ᠬᠡᠯᠡᠪᠡᠯ ᠦᠨᠡᠬᠡᠷ ᠨᠢᠭᠡ ᠡᠷᠭᠢᠯᠲᠡ ᠭᠡᠵᠦ ᠪᠣᠯᠤᠨ᠎ᠠ᠃ ᠡᠨᠡ ᠨᠢ ᠦᠵᠡᠰᠬᠦᠯᠡᠩ ᠦ᠋ᠨ ᠬᠣᠣᠷᠯᠠᠭᠳᠠᠭᠰᠠᠨ ᠵᠢᠩᠬᠢᠨᠢ ᠰᠢᠯᠲᠠᠭᠠᠨ ᠢ᠋ ᠡᠷᠢᠵᠦ ᠭᠠᠷᠭᠠᠭᠰᠠᠨ ᠢ᠋ᠶ᠋ᠠᠷ ᠦᠯᠦ ᠪᠠᠷᠠᠨ ᠮᠢᠨᠦ ᠠᠩᠬᠠᠨ ᠤ᠋ ᠮᠠᠰᠢ ᠠᠷᠪᠢᠨ ᠵᠦᠢᠴᠢᠯᠡᠯᠲᠡ ᠶ᠋ᠢ ᠪᠦᠷ ᠨᠤᠲᠠᠯᠠᠵᠠᠢ᠃
— CC66 ᠳ᠋ᠤᠭᠠᠷ ᠪᠣᠯ ᠣᠷᠴᠢᠮ ᠤ᠋ᠨ ᠵᠢᠯ ᠳ᠋ᠦ᠍ ᠰᠤᠳᠤᠯᠵᠤ ᠭᠠᠷᠭᠠᠭᠰᠠᠨ ᠲᠤᠢᠯ ᠤ᠋ᠨ ᠬᠦᠴᠦᠲᠡᠢ ᠬᠣᠣᠷᠲᠤ ᠡᠮ ᠪᠣᠯᠤᠨ᠎ᠠ᠃ ᠵᠥᠪᠬᠡᠨ ᠴᠢᠬᠤᠯᠲᠠᠢ ᠦᠶ᠎ᠡ ᠳ᠋ᠦ᠍ 100ᠮᠢᠯᠢᠯᠢᠲ᠋ᠷ ᠰᠫᠢᠷᠲ ᠲᠦ᠍1% ᠲᠣᠬᠢᠷᠠᠭᠤᠯᠵᠤ ᠬᠣᠣᠷᠲᠤ ᠶᠠᠷ᠎ᠠ ᠶ᠋ᠢ ᠤᠬᠢᠶᠠᠬᠤ ᠳ᠋ᠤ᠌ ᠬᠡᠷᠡᠭᠯᠡᠵᠦ ᠪᠣᠯᠤᠨ᠎ᠠ᠃ ᠡᠨᠡ ᠡᠮ ᠢ᠋ ᠨᠢᠭᠡ ᠦᠨᠦᠷᠯᠡᠬᠦ ᠪᠤᠶᠤ 5%ᠮᠢᠯᠢᠯᠢᠲ᠋ᠷ ᠢ᠋ ᠬᠥᠮᠦᠨ ᠦ᠌ ᠴᠢᠰᠤᠨ ᠳ᠋ᠤ᠌ ᠭᠦᠶᠦᠯᠭᠡᠪᠡᠯ ᠳᠣᠣᠷ᠎ᠠ ᠨᠢ ᠦᠬᠦᠨ᠎ᠡ᠃
— ᠭᠡᠲᠡᠯ᠎ᠡ ᠶᠠᠭᠠᠬᠢᠭᠠᠳ ᠦᠵᠡᠰᠬᠦᠯᠡᠩ ᠦ᠋ᠨ ᠬᠤᠨᠳᠤᠴᠠᠭ ᠤ᠋ᠨ ᠠᠷᠠᠰᠤᠨ ᠠ᠋ᠴᠠ CC66 ᠳ᠋ᠤᠭᠠᠷ ᠢᠯᠡᠷᠡᠭᠰᠡᠨ ᠪᠣᠢ? ᠠᠷᠠᠰᠤᠨ ᠳ᠋ᠤᠨᠢ ᠪᠠᠢᠭ᠎ᠠ ᠬᠣᠣᠷ ᠶᠠᠭᠠᠬᠢᠭᠠᠳ ᠲᠡᠢᠮᠦ ᠬᠤᠷᠳᠤᠨ ᠠᠮᠢᠨ ᠳ᠋ᠤᠨᠢ ᠬᠦᠷᠦᠭᠰᠡᠨ ᠪᠣᠢ? ᠠᠩᠬ᠎ᠠ ᠤᠳᠠᠭᠠᠨ ᠤ᠋ ᠮᠡᠷᠭᠡᠵᠢᠯ ᠦ᠋ᠨ ᠬᠢᠨᠠᠨ ᠲᠣᠭᠲᠠᠭᠠᠯ ᠳ᠋ᠤ᠌ ᠶᠠᠭᠠᠬᠢᠭᠠᠳ ᠢᠯᠡᠷᠡᠭᠰᠡᠨ ᠦᠭᠡᠢ ᠪᠣᠢ? ᠮᠢᠨᠦ ᠦᠵᠡᠬᠦ ᠪᠡᠷ ᠬᠦᠴᠦᠲᠦ ᠬᠣᠣᠷ CC66 ᠳ᠋ᠤᠭᠠᠷ ᠤᠤᠯ ᠨᠢ ᠵᠡᠭᠦᠦ ᠴᠣᠬᠢᠬᠤ ᠳ᠋ᠤ᠌ ᠠᠷᠢᠭᠤᠳᠬᠠᠬᠤ ᠰᠫᠢᠷᠲ ᠲᠦ᠍ ᠪᠤᠶᠤ ᠬᠢᠮᠰᠠ ᠶ᠋ᠢᠨ ᠦᠵᠦᠭᠦᠷ ᠲᠦ᠍ ᠪᠠᠢᠭᠰᠠᠨ ᠪᠠᠢᠬᠤ᠃ ᠢᠩᠭᠢᠭᠡᠳ ᠪᠣᠯᠤᠷᠴᠠᠭᠠᠨ ᠢ᠋ ᠦᠵᠡᠰᠬᠦᠯᠡᠩ ᠳ᠋ᠦ᠍ ᠵᠡᠭᠦᠦ ᠴᠣᠬᠢᠬᠤ ᠦᠶ᠎ᠡ ᠳ᠋ᠦ᠍CC66 ᠳ᠋ᠤᠭᠠᠷ ᠤ᠋ᠨ ᠬᠣᠣᠷ ᠨᠢ ᠠᠷᠠᠰᠤ ᠴᠢᠰᠤᠨ ᠳ᠋ᠤᠨᠢ ᠲᠠᠷᠬᠠᠵᠤ ᠳᠣᠣᠷ᠎ᠠ ᠨᠢ ᠬᠣᠣᠷᠳᠠᠭᠠᠳ ᠦᠬᠦᠭᠰᠡᠨ ᠪᠠᠢᠨ᠎ᠠ᠃ ᠡᠢᠮᠦ ᠡᠴᠡ ᠲᠡᠷᠡ ᠬᠦ᠌ ᠡᠮ ᠲᠠᠷᠢᠬᠤ ᠪᠠᠭᠠᠵᠢ᠂ ᠰᠢᠯ ᠭᠤᠤᠷᠰᠤ᠂ ᠲᠠᠷᠢᠭᠰᠠᠨ ᠡᠮ ᠡᠴᠡ ᠨᠢ ᠡᠨᠡ ᠪᠦᠷᠢᠯᠳᠦᠬᠦᠨ ᠢᠯᠡᠷᠡᠬᠦ ᠦᠭᠡᠢ ᠶᠦᠮ᠃
— ᠡᠳᠡᠭᠡᠷ ᠢ᠋ ᠣᠯᠵᠤ ᠮᠡᠳᠡᠭᠰᠡᠨ ᠦ᠌ ᠳᠠᠷᠠᠭ᠎ᠠ᠂ ᠪᠢᠳᠡᠨ ᠳ᠋ᠦ᠍ ᠲᠤᠯᠭᠠᠷᠠᠭᠰᠠᠨ ᠪᠠᠰᠠ ᠨᠢᠭᠡ ᠠᠰᠠᠭᠤᠳᠠᠯ ᠪᠣᠯ ᠴᠣᠬᠣᠮ ᠬᠡᠨ ᠡᠨᠡ ᠬᠦ᠌ ᠠᠷᠢᠭᠤᠳᠬᠠᠬᠤ ᠰᠫᠢᠷᠲ ᠪᠣᠯᠤᠨ ᠬᠢᠮᠰᠠ ᠶ᠋ᠢᠨ ᠦᠵᠦᠭᠦᠷ ᠲᠦ᠍ ᠲᠡᠢᠮᠦ ᠬᠦᠴᠦᠲᠡᠢ ᠬᠣᠣᠷ ᠲᠠᠯᠪᠢᠭᠰᠠᠨ ᠪᠣᠢ? ᠭᠡᠳ ᠦᠭᠡ ᠪᠡᠨ ᠪᠠᠬᠠᠨ ᠵᠠᠪᠰᠠᠷᠯᠠᠬᠤ ᠳ᠋ᠤ᠌ ᠬᠥᠬᠡᠲᠤᠯᠢ ᠰᠠᠨᠳᠤᠷᠤᠨ ᠪᠣᠰᠤᠭᠠᠳ ᠵᠣᠭᠰᠣᠴᠢᠬᠠᠭᠰᠠᠨ ᠪᠠᠢᠯ᠎ᠠ᠃
— ᠴᠣᠬᠣᠮ ᠬᠡᠨ ᠪᠣᠯᠴᠢᠬᠠᠪᠠ?
— ᠴᠠᠭ ᠤ᠋ᠨ ᠲᠠᠯ᠎ᠠ ᠪᠠᠷ ᠬᠥᠭᠡᠭᠡᠵᠦ ᠪᠣᠳᠣᠪᠠᠯ ᠡᠨᠡ ᠬᠦ᠌ ᠠᠷᠢᠭᠤᠳᠬᠠᠬᠤ ᠰᠫᠢᠷᠲ ᠪᠣᠯᠤᠨ ᠬᠢᠮᠰᠠ ᠶ᠋ᠢ ᠦᠳᠡ ᠳ᠋ᠦ᠍ ᠵᠡᠭᠦᠦ ᠴᠣᠬᠢᠬᠤ ᠳ᠋ᠤ᠌ ᠪᠦᠷ ᠵᠠᠷᠤᠵᠤ ᠥᠩᠭᠡᠷᠡᠵᠡᠢ᠃ ᠲᠤᠬᠠᠢ ᠶ᠋ᠢᠨ ᠦᠶ᠎ᠡ ᠳ᠋ᠦ᠍ ᠴᠡᠪᠡᠷ ᠪᠠᠢᠭᠰᠠᠨ ᠨᠢ ᠢᠯᠡᠬᠡᠨ ᠪᠠᠢᠯ᠎ᠠ᠃ ᠡᠢᠮᠦ ᠡᠴᠡ ᠡᠨᠡ ᠪᠣᠯ ᠬᠡᠯᠡᠯᠭᠡᠨ ᠦᠭᠡᠢ ᠦᠳᠡ ᠶ᠋ᠢᠨ ᠬᠣᠢᠨᠠᠬᠢ ᠤᠴᠢᠷ ᠪᠣᠯᠤᠨ᠎ᠠ᠃ ᠶᠠᠮᠠᠷ ᠬᠥᠮᠦᠨ ᠪᠣᠯᠤᠷᠴᠠᠭᠠᠨ ᠤ᠋ ᠭᠡᠷ ᠲᠦ᠍ ᠢᠷᠡᠵᠦ ᠬᠥᠮᠦᠨ ᠬᠣᠣᠷᠯᠠᠬᠤ ᠠᠵᠢᠯ ᠬᠢᠭᠰᠡᠨ ᠪᠣᠢ? ᠡᠦ ᠹᠧᠩ ᠮᠧᠢ ᠭᠡᠵᠢ ᠤᠤ? ᠪᠢᠰᠢ᠃ ᠲᠡᠷᠡ ᠡᠳᠦᠷ ᠦ᠋ᠨ ᠦᠳᠡ ᠶ᠋ᠢᠨ ᠬᠣᠢᠨ᠎ᠠ ᠡᠦ ᠹᠧᠩ ᠮᠧᠢ ᠡᠮᠨᠡᠯᠭᠡ ᠳᠦ ᠪᠡᠨ ᠪᠠᠢᠭᠰᠠᠨ ᠪᠥᠭᠡᠳ ᠲᠠᠪᠤᠨ ᠴᠠᠭ ᠬᠠᠭᠠᠰ ᠪᠣᠯᠬᠤ ᠳ᠋ᠤ᠌ ᠰᠠᠶᠢ ᠬᠠᠷᠢᠭᠰᠠᠨ ᠢ᠋ ᠭᠡᠷᠡᠴᠢᠯᠡᠬᠦ ᠬᠥᠮᠦᠨ ᠬᠡᠳᠦ ᠬᠡᠳᠦ ᠪᠠᠢᠨ᠎ᠠ᠃
— ᠡᠦ ᠹᠧᠩ ᠮᠧᠢ ᠢᠯᠡ ᠰᠢᠭᠦᠬᠦ ᠲᠢᠩᠬᠢᠮ ᠳ᠋ᠦ᠍ ᠪᠣᠯᠤᠷᠴᠠᠭᠠᠨ ᠢ᠋ ᠠᠪᠤᠷᠠᠬᠤ ᠪᠠᠷ ᠦᠵᠡᠰᠬᠦᠯᠡᠩ ᠢ᠋ ᠬᠣᠣᠷᠯᠠᠭᠰᠠᠨ ᠬᠠᠷᠢᠭᠤᠴᠠᠯᠭ᠎ᠠ ᠶ᠋ᠢ ᠡᠭᠦᠷᠬᠦ ᠪᠡᠷ ᠶᠠᠷᠢᠭᠰᠠᠨ ᠪᠣᠯᠪᠠᠴᠤ ᠬᠣᠣᠷᠲᠤ ᠡᠮ ᠪᠣᠯᠤᠨ ᠪᠡᠯᠡᠳᠬᠡᠵᠦ ᠲᠠᠯᠪᠢᠭᠰᠠᠨ ᠭᠠᠵᠠᠷ ᠢ᠋ ᠨᠢ ᠬᠡᠯᠡᠵᠦ ᠭᠠᠷᠭᠠᠵᠤ ᠶᠠᠭᠠᠬᠢᠭᠰᠠᠨ ᠴᠦ᠍ ᠴᠢᠳᠠᠬᠤ ᠦᠭᠡᠢ᠃ ᠬᠡᠷᠪᠡ ᠦᠨᠡᠬᠡᠷ ᠡᠦ ᠹᠧᠩ ᠮᠧᠢ ᠪᠠᠢᠭᠰᠠᠨ ᠪᠣᠯ ᠲᠡᠷᠡ ᠢᠯᠡ ᠰᠢᠭᠦᠯᠲᠡ ᠳᠡᠭᠡᠷ᠎ᠡ ᠠᠮᠢ ᠪᠠᠨ ᠵᠣᠯᠢᠨ ᠭᠡᠷᠡᠴᠢ ᠬᠢᠬᠦ ᠦᠶ᠎ᠡ ᠳ᠋ᠦ᠍ ᠡᠨᠡ ᠬᠦ᠌ ᠣᠨᠴᠠᠭᠠᠢ ᠨᠢᠭᠤᠴᠠ ᠪᠠᠨ ᠳᠤᠷᠠᠳᠴᠤ᠂ ᠥᠪᠡᠷ ᠦ᠋ᠨ ᠶᠠᠯ᠎ᠠ ᠲᠠᠢ ᠭᠡᠰᠡᠨ ᠢ᠋ᠶ᠋ᠡᠨ ᠭᠡᠷᠡᠴᠢᠯᠡᠬᠦ ᠳ᠋ᠦ᠍ ᠪᠠᠰᠠ ᠨᠢᠭᠡ ᠪᠠᠷᠢᠮᠲᠠ ᠪᠣᠯᠭᠠᠬᠤ ᠶᠤᠮ᠃ ᠭᠡᠲᠡᠯ᠎ᠡ ᠲᠡᠷᠡ ᠢᠩᠭᠢᠵᠦ ᠳᠤᠷᠠᠳᠴᠤ ᠴᠢᠳᠠᠭᠰᠠᠨ ᠦᠭᠡᠢ᠃ ᠡᠭᠦᠨ ᠡᠴᠡ ᠭᠠᠳᠠᠨ᠎ᠠ ᠬᠡᠷᠪᠡ ᠡᠦ ᠹᠧᠩ ᠮᠧᠢ ᠦᠵᠡᠰᠬᠦᠯᠡᠩ ᠢ᠋ ᠬᠣᠣᠷᠯᠠᠬᠤ ᠭᠡᠪᠡᠯ ᠬᠣᠶᠠᠷ ᠵᠦᠢᠯ ᠦ᠋ᠨ ᠬᠣᠣᠷᠲᠤ ᠡᠮ ᠢ᠋ ᠨᠢᠭᠡ ᠳᠣᠣᠷ᠎ᠠ ᠵᠠᠷᠤᠬᠤ ᠦᠭᠡᠢ ᠴᠦ᠍ ᠪᠣᠯᠬᠤ ᠶᠤᠮ᠃ ᠡᠭᠦᠨ ᠢ᠋ᠶ᠋ᠡᠷ ᠪᠠᠷᠢᠮᠲᠠ ᠪᠣᠯᠭᠠᠪᠠᠯ ᠡᠦ ᠹᠧᠩ ᠮᠧᠢ ᠶ᠋ᠢ ᠬᠡᠷᠡᠭ ᠦ᠋ᠨ ᠭᠠᠳᠠᠨ᠎ᠠ ᠭᠠᠷᠭᠠᠵᠤ ᠪᠣᠯᠤᠨ᠎ᠠ᠃
— ᠪᠣᠯᠤᠷᠴᠠᠭᠠᠨ ᠭᠡᠵᠢ ᠤᠤ? ᠲᠡᠷᠡ ᠴᠦ᠍ ᠪᠢᠰᠢ᠃ ᠪᠣᠯᠤᠷᠴᠠᠭᠠᠨ ᠬᠡᠷᠪᠡ ᠦᠵᠡᠰᠬᠦᠯᠡᠩ ᠢ᠋ ᠠᠯᠠᠶ᠎ᠠ ᠭᠡᠵᠦ ᠪᠣᠳᠣᠪᠠᠯ ᠠᠮᠤᠷᠵᠢᠭᠤᠯᠬᠤ ᠡᠮ ᠢ᠋ ᠬᠡᠷᠡᠭᠯᠡᠵᠦ ᠰᠡᠮᠡᠬᠡᠷ ᠬᠣᠣᠷᠯᠠᠬᠤ ᠠ᠋ᠴᠠ ᠪᠢᠰᠢ᠂ ᠬᠦᠴᠦᠲᠦ ᠬᠣᠣᠷ ᠢ᠋ᠶ᠋ᠠᠷ ᠳᠣᠣᠷ᠎ᠠ ᠨᠢ ᠠᠯᠠᠵᠤ ᠪᠡᠶ᠎ᠡ ᠪᠡᠨ ᠯᠡᠪᠡᠷᠡᠭᠦᠯᠬᠦ ᠦᠭᠡᠢ ᠶᠦᠮ᠃ ᠲᠡᠷᠡ ᠨᠢᠭᠡᠨᠲᠡ ᠪᠦᠬᠦ ᠬᠠᠷᠢᠭᠤᠴᠠᠯᠭ᠎ᠠ ᠶ᠋ᠢ ᠪᠡᠶ᠎ᠡ ᠳᠦ ᠪᠡᠨ ᠡᠭᠦᠷᠦᠨ ᠦᠬᠦᠬᠦ ᠶᠠᠯ᠎ᠠ ᠶ᠋ᠢ ᠬᠦᠯᠢᠶᠡᠭᠰᠡᠨ ᠬᠥᠮᠦᠨ ᠪᠣᠯᠬᠣᠷ ᠬᠡᠷᠡᠭᠯᠡᠭᠰᠡᠨ ᠡᠮ ᠢ᠋ᠶ᠋ᠡᠨ ᠨᠢᠭᠤᠵᠤ ᠢᠩᠭᠢᠵᠦ ᠡᠦ ᠹᠧᠩ ᠮᠧᠢ ᠶ᠋ᠢᠨ ᠠᠮᠠ ᠶ᠋ᠢ ᠳᠠᠭᠠᠭᠤᠯᠤᠨ ᠬᠤᠳᠠᠯ ᠬᠡᠯᠡᠬᠦ ᠨᠢ ᠳᠡᠮᠡᠢ ᠤᠳᠬ᠎ᠠ ᠠᠭᠤᠯᠭ᠎ᠠ ᠦᠭᠡᠢ ᠶᠦᠮ᠃ ᠲᠡᠷᠡᠴᠢᠯᠡᠨ ᠪᠣᠯᠤᠷᠴᠠᠭᠠᠨ ᠡᠬᠡᠨᠡᠷ ᠢ᠋ᠶ᠋ᠡᠨCC66 ᠳ᠋ᠤᠭᠠᠷ ᠢ᠋ᠶ᠋ᠠᠷ ᠬᠣᠣᠷᠯᠠᠭᠰᠠᠨ ᠪᠣᠯ ᠡᠦ ᠹᠧᠩ ᠮᠧᠢ ᠶ᠋ᠢᠨ ᠬᠣᠷᠢᠭᠤᠯ ᠤ᠋ᠨ ᠭᠠᠵᠠᠷ ᠲᠤ᠌ ᠬᠡᠯᠡᠭᠰᠡᠨ ᠦᠭᠡ ᠶ᠋ᠢ ᠢᠲᠡᠭᠡᠬᠦ ᠦᠭᠡᠢ ᠶᠦᠮ᠃ ᠳᠠᠬᠢᠭᠠᠳ ᠬᠡᠯᠡᠪᠡᠯ ᠲᠡᠷᠡ ᠡᠦ ᠹᠧᠩ ᠮᠧᠢ ᠶ᠋ᠢ ᠬᠠᠮᠠᠭᠠᠯᠠᠵᠤ ᠪᠠᠢᠭ᠎ᠠ ᠪᠢᠰᠢ ᠪᠣᠯ᠂ ᠡᠦ ᠹᠧᠩ ᠮᠧᠢ ᠶᠢᠨ ᠠᠮᠠ ᠶ᠋ᠢ ᠳᠠᠭᠠᠭᠤᠯᠤᠨ ᠥᠭᠡᠷ᠎ᠡ ᠡᠮ ᠦ᠋ᠨ ᠨᠡᠷ᠎ᠡ ᠶ᠋ᠢ ᠬᠡᠯᠡᠵᠦ ᠡᠮ ᠦ᠋ᠨ ᠬᠡᠮᠵᠢᠶ᠎ᠡ ᠶ᠋ᠢ ᠨᠡᠮᠡᠵᠦ ᠲᠤᠰᠢᠶᠠᠬᠤ ᠦᠭᠡᠢ ᠰᠢᠦ᠃ ᠢᠯᠠᠩᠭᠤᠶ᠎ᠠ ᠡᠦ ᠹᠧᠩ ᠮᠧᠢ ᠲᠡᠢ ᠶᠠᠷᠢᠯᠴᠠᠭᠰᠠᠨ ᠠ᠋ᠴᠠ ᠬᠣᠢᠰᠢ ᠲᠡᠭᠡᠵᠦ ᠵᠣᠪᠠᠵᠤ ᠭᠤᠨᠢᠨ᠂ ᠦᠨᠡᠨ ᠢ᠋ᠶ᠋ᠡᠨ ᠲᠤᠰᠢᠶᠠᠬᠤ ᠪᠠᠷ ᠱᠠᠭᠠᠷᠳᠠᠯᠭ᠎ᠠ ᠭᠠᠷᠭᠠᠬᠤ ᠪᠠ ᠴᠠᠭᠠᠵᠠ ᠶ᠋ᠢᠨ ᠲᠠᠯᠠᠪᠠᠢ ᠳᠡᠭᠡᠷ᠎ᠡ ᠬᠢᠯᠢᠰ ᠬᠠᠰᠬᠢᠷᠤᠨ ᠮᠠᠨᠠᠷᠠᠬᠤ ᠪᠣᠯᠤᠯᠴᠠᠭ᠎ᠠ ᠦᠭᠡᠢ ᠶᠦᠮ᠃
— ᠲᠤᠬᠠᠢ ᠶ᠋ᠢᠨ ᠦᠶ᠎ᠡ ᠶ᠋ᠢᠨ ᠣᠷᠴᠢᠨ ᠲᠣᠭᠣᠷᠢᠨ ᠪᠣᠯᠤᠨ ᠲᠡᠳᠡ ᠬᠣᠶᠠᠭᠤᠯᠠ ᠶ᠋ᠢᠨ ᠬᠡᠯᠡᠯᠴᠡᠵᠦ ᠵᠥᠪᠳᠡᠯᠴᠡᠭᠰᠡᠨ ᠡᠴᠡ ᠦᠵᠡᠰᠬᠦᠯᠡᠩCC66 ᠳ᠋ᠤᠭᠠᠷ ᠲᠤ᠌ ᠬᠣᠣᠷᠯᠠᠭᠳᠠᠭᠰᠠᠨ ᠢ᠋ ᠲᠡᠳᠡᠨ ᠦ᠌ ᠬᠡᠨ ᠨᠢ ᠴᠦ᠍ ᠮᠡᠳᠡᠬᠦ ᠦᠭᠡᠢ ᠭᠡᠳᠡᠭ ᠢ᠋ ᠪᠠᠲᠤᠯᠠᠵᠤ ᠪᠣᠯᠤᠨ᠎ᠠ᠃ ᠡᠢᠮᠦ ᠡᠴᠡ ᠪᠣᠯᠤᠷᠴᠠᠭᠠᠨ ᠢ᠋ ᠴᠦ᠍ ᠬᠡᠷᠡᠭ ᠦ᠋ᠨ ᠭᠠᠳᠠᠨ᠎ᠠ ᠭᠠᠷᠭᠠᠵᠤ ᠪᠣᠯᠤᠨ᠎ᠠ᠃
— ᠸᠠᠩ ᠯᠠᠨ ᠬᠤᠸᠠ ᠭᠡᠵᠢ ᠤᠤ? ᠲᠡᠷᠡ ᠪᠣᠯ ᠦᠳᠡ ᠶ᠋ᠢᠨ ᠬᠣᠢᠨ᠎ᠠ ᠶ᠋ᠢᠨ ᠬᠣᠶᠠᠷ ᠴᠠᠭ ᠠ᠋ᠴᠠ ᠲᠠᠪᠤᠨ ᠴᠠᠭ ᠥᠩᠭᠡᠷᠡᠲᠡᠯ᠎ᠡ ᠦᠵᠡᠰᠬᠦᠯᠡᠩ ᠦ᠋ᠨ ᠳᠡᠷᠭᠡᠳᠡ ᠪᠠᠢᠭᠰᠠᠨ ᠪᠣᠯᠬᠣᠷ ᠨᠥᠬᠥᠴᠡᠯ ᠪᠣᠯᠤᠯᠴᠠᠭ᠎ᠠ ᠪᠠᠷ ᠬᠠᠮᠤᠭ ᠤ᠋ᠨ ᠪᠦᠷᠢᠨ ᠲᠡᠭᠦᠯᠳᠡᠷ ᠶᠦᠮ᠃ ᠢᠩᠭᠢᠭᠡᠳ ᠪᠢ ᠲᠡᠭᠦᠨ ᠢ᠋ ᠰᠡᠵᠢᠭᠯᠡᠵᠦ ᠥᠩᠭᠡᠷᠡᠯ᠎ᠡ᠃ ᠡᠴᠦᠰ ᠲᠤ ᠪᠠᠨ ᠨᠢᠭᠡ ᠵᠦᠢᠯ ᠦ᠋ᠨ ᠤᠴᠢᠷ ᠠ᠋ᠴᠠ ᠪᠣᠯᠵᠤ ᠲᠡᠭᠦᠨ ᠢ᠋ ᠬᠡᠷᠡᠭ ᠦ᠋ᠨ ᠭᠠᠳᠠᠨ᠎ᠠ ᠭᠠᠷᠭᠠᠪᠠ᠃
— ᠡᠨᠡ ᠨᠢ ᠳᠠᠷᠤᠢ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠦ᠋ᠨ ᠲᠠᠯᠠᠪᠠᠢ ᠠ᠋ᠴᠠ ᠬᠢᠮᠰᠠ ᠪᠣᠯᠤᠨ ᠠᠷᠢᠭᠤᠰᠬᠠᠬᠤ ᠰᠫᠢᠷᠲ ᠭᠡᠨᠡᠳᠲᠡ ᠦᠭᠡᠢ ᠪᠣᠯᠤᠭᠰᠠᠨ ᠬᠡᠷᠡᠭ ᠪᠣᠯᠤᠨ᠎ᠠ᠃ ᠠᠩᠬ᠎ᠠ ᠤᠳᠠᠭ᠎ᠠ ᠬᠡᠷᠡᠭ ᠦ᠋ᠨ ᠲᠠᠯᠠᠪᠠᠢ ᠶ᠋ᠢ ᠪᠠᠢᠴᠠᠭᠠᠬᠤ ᠳ᠋ᠤ᠌ ᠡᠨᠡ ᠬᠣᠶᠠᠷ ᠶᠠᠭᠤᠮ᠎ᠠ ᠶ᠋ᠢ ᠬᠥᠮᠦᠰ ᠪᠦᠷ ᠠᠩᠬᠠᠷᠤᠭᠰᠠᠨ ᠦᠭᠡᠢ ᠪᠣᠯᠤᠯᠲᠠᠢ᠃ ᠦᠨᠡᠨ ᠳᠦ ᠪᠡᠨ ᠵᠠᠪᠠᠯ ᠠᠩᠬᠠᠷᠤᠯ ᠳᠤ ᠪᠠᠨ ᠠᠪᠬᠤ ᠤᠴᠢᠷ ᠦᠭᠡᠢ ᠶᠦᠮ᠃ ᠬᠣᠵᠢᠮ ᠨᠢCC66 ᠳ᠋ᠤᠭᠠᠷ ᠢᠯᠡᠷᠡᠬᠦ ᠳ᠋ᠦ᠍ ᠪᠢ ᠡᠨᠡ ᠬᠣᠶᠠᠷ ᠵᠦᠢᠯ ᠢ᠋ ᠮᠥᠷᠳᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠣᠯᠪᠠ᠃ ᠭᠡᠲᠡᠯ᠎ᠡ ᠡᠪᠬᠡᠮᠡᠯ ᠳ᠋ᠡᠬᠢ ᠬᠡᠷᠡᠭ ᠦ᠋ᠨ ᠲᠠᠯᠠᠪᠠᠢ ᠶ᠋ᠢ ᠪᠠᠢᠴᠠᠭᠠᠭᠰᠠᠨ ᠰᠡᠭᠦᠳᠡᠷ ᠵᠢᠷᠤᠭ ᠲᠤ᠌ ᠡᠨᠡ ᠬᠣᠶᠠᠷ ᠶᠠᠭᠤᠮ᠎ᠠ ᠪᠠᠢᠭᠰᠠᠨ ᠦᠭᠡᠢ ᠮᠥᠷᠲᠡᠭᠡᠨ ᠭᠡᠷ ᠲᠡᠬᠢ ᠪᠦᠬᠦ ᠡᠳ᠋ ᠢ᠋ ᠳᠠᠩᠰᠠᠯᠠᠬᠤ ᠳ᠋ᠤ᠌ ᠴᠦ᠍ ᠣᠷᠣᠭᠰᠠᠨ ᠦᠭᠡᠢ᠃ ᠪᠠᠰᠠ ᠮᠡᠷᠭᠡᠵᠢᠯ ᠦ᠋ᠨ ᠬᠢᠨᠠᠨ ᠲᠣᠭᠲᠠᠭᠠᠯ ᠬᠢᠬᠦ ᠳ᠋ᠦ᠍ ᠴᠦ᠍ ᠢᠯᠡᠷᠡᠭᠰᠡᠨ ᠦᠭᠡᠢ ᠪᠠᠢᠨ᠎ᠠ᠃ ᠪᠢᠳᠡ ᠪᠣᠯᠤᠷᠴᠠᠭᠠᠨ ᠠ᠋ᠴᠠ ᠡᠭᠦᠨ ᠢ᠋ ᠠᠰᠠᠭᠤᠬᠤ ᠳ᠋ᠤ᠌ ᠲᠡᠷᠡ᠄ 《ᠠᠷᠢᠭᠤᠳᠬᠠᠬᠤ ᠰᠫᠢᠷᠲ ᠪᠣᠯᠤᠨ ᠬᠢᠮᠰᠠ ᠶ᠋ᠢ ᠦᠳᠡᠰᠢ ᠦᠵᠡᠰᠬᠦᠯᠡᠩ ᠳ᠋ᠦ᠍ ᠡᠮ ᠲᠠᠷᠢᠬᠤ ᠳ᠋ᠤ᠌ ᠬᠡᠷᠡᠭᠯᠡᠵᠦ ᠪᠠᠷᠠᠭᠠᠳ ᠰᠢᠷᠡᠭᠡᠨ ᠳᠡᠭᠡᠷ᠎ᠡ ᠲᠠᠯᠪᠢᠭᠰᠠᠨ》 ᠭᠡᠵᠦ ᠪᠢᠯᠡ᠃
— ᠶᠠᠷᠢᠶᠠᠨ ᠦᠭᠡᠢ ᠵᠡᠭᠦᠦ ᠴᠣᠬᠢᠨ ᠡᠮ ᠲᠠᠷᠢᠬᠤ ᠳ᠋ᠤ᠌ ᠵᠠᠪᠠᠯ ᠡᠳᠡᠭᠡᠷ ᠢ᠋ ᠵᠠᠷᠤᠬᠤ ᠬᠡᠷᠡᠭᠲᠡᠢ᠃ ᠡᠳᠡᠭᠡᠷ ᠵᠦᠢᠯ ᠶᠠᠭᠠᠬᠢᠭᠠᠳ ᠭᠡᠨᠡᠳᠲᠡ ᠦᠭᠡᠢ ᠪᠣᠯᠤᠭᠰᠠᠨ ᠪᠣᠢ? ᠪᠤᠰᠤᠳ ᠵᠦᠢᠯ ᠦ᠋ᠳ ᠨᠢ ᠪᠦᠷ ᠪᠠᠢᠭᠠᠳ ᠭᠠᠭᠴᠠ ᠡᠨᠡ ᠬᠢᠮᠰᠠ᠂ ᠯᠠᠪᠲᠠᠢ ᠬᠣᠣᠷ ᠲᠠᠯᠪᠢᠭᠴᠢ ᠰᠠᠨᠠᠭᠠᠴᠢᠯᠠᠭ᠎ᠠ ᠲᠠᠢ ᠪᠠᠷ ᠳᠠᠯᠳᠠᠯᠠᠭᠰᠠᠨ ᠪᠠᠢᠬᠤ ᠶᠣᠰᠣᠲᠠᠢ᠃ ᠲᠡᠷᠡᠴᠢᠯᠡᠨ ᠦᠵᠡᠰᠬᠦᠯᠡᠩ ᠢ᠋ ᠦᠬᠦᠭᠰᠡᠨ ᠦ᠌ ᠳᠠᠷᠠᠭ᠎ᠠ᠂ ᠬᠡᠷᠡᠭ ᠦ᠋ᠨ ᠲᠠᠯᠠᠪᠠᠢ ᠶ᠋ᠢ ᠪᠠᠢᠴᠠᠭᠠᠬᠤ ᠠ᠋ᠴᠠ ᠡᠮᠦᠨᠡᠬᠢ ᠬᠤᠭᠤᠴᠠᠭᠠᠨ ᠳ᠋ᠤ᠌ ᠯᠠ ᠢᠷᠡᠵᠦ ᠳᠠᠯᠳᠠᠯᠠᠭᠰᠠᠨ ᠨᠢ ᠢᠯᠡᠬᠡᠨ᠃
— ᠡᠨᠡ ᠬᠦ᠌ ᠳ᠋ᠦᠩᠨᠡᠯᠲᠡ ᠪᠡᠷ ᠪᠢ ᠸᠠᠩ ᠯᠠᠨ ᠬᠤᠸᠠ ᠶ᠋ᠢ ᠪᠠᠰᠠ ᠬᠡᠷᠡᠭ ᠦ᠋ᠨ ᠭᠠᠳᠠᠨ᠎ᠠ ᠭᠠᠷᠭᠠᠪᠠ᠃ ᠤᠴᠢᠷ ᠨᠢ ᠲᠡᠷᠡ ᠦᠵᠡᠰᠬᠦᠯᠡᠩ ᠢ᠋ ᠬᠣᠣᠷᠯᠠᠭᠳᠠᠬᠤ ᠠ᠋ᠴᠠ ᠡᠮᠦᠨ᠎ᠡ ᠶᠠᠪᠤᠭᠠᠳ᠂ ᠲᠠᠬᠢᠵᠤ ᠲᠡᠨᠳᠡ ᠣᠴᠢᠭᠰᠠᠨ ᠦᠭᠡᠢ ᠶ᠋ᠢ ᠭᠡᠷᠡᠴᠢᠯᠡᠬᠦ ᠵᠦᠢᠯ ᠪᠠᠢᠨ᠎ᠠ᠃
— ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠲᠦ᠍ ᠬᠣᠯᠪᠣᠭᠳᠠᠭᠰᠠᠨ ᠭᠤᠷᠪᠠᠨ ᠬᠥᠮᠦᠨ ᠢᠩᠭᠢᠭᠡᠳ ᠪᠦᠷ ᠭᠡᠷᠡᠴᠢ ᠪᠠᠷᠢᠮᠲᠠ ᠳᠡᠭᠡᠷ᠎ᠡ ᠲᠣᠭᠲᠠᠵᠤ ᠴᠢᠳᠠᠬᠤ ᠦᠭᠡᠢ ᠪᠣᠯᠬᠤ ᠳ᠋ᠤ᠌᠂ ᠳᠠᠬᠢᠭᠠᠳ ᠮᠢᠨᠦ ᠲᠠᠷᠢᠬᠢᠨ ᠳ᠋ᠤ᠌ ᠥᠭᠡᠷ᠎ᠡ ᠨᠢᠭᠡ ᠬᠥᠮᠦᠨ ᠡᠳᠡᠨ ᠦ᠌ ᠠᠯᠢᠨ ᠲᠠᠢ ᠨᠢ ᠬᠠᠮᠰᠠᠵᠤ ᠪᠠᠢᠬᠤ ᠪᠣᠯᠪᠠ ᠤᠤ ᠭᠡᠮᠡᠨ ᠡᠷᠬᠡ ᠦᠭᠡᠢ ᠪᠣᠳᠣᠭᠳᠠᠪᠠ᠃
— ᠪᠢᠳᠡᠨ ᠦ᠌ ᠪᠠᠢᠴᠠᠭᠠᠵᠤ ᠣᠯᠤᠭᠰᠠᠨ ᠵᠠᠷᠢᠮ ᠭᠡᠷᠡᠴᠢ ᠪᠣᠯᠤᠨ ᠶᠠᠪᠤᠳᠠᠯ ᠤ᠋ᠳ ᠮᠢᠨᠦ ᠲᠠᠭᠠᠮᠠᠭᠯᠠᠯ ᠢ᠋ ᠭᠡᠷᠡᠴᠢᠯᠡᠪᠡ᠃
— ᠶᠠᠭᠤᠨ ᠤ᠋ ᠡᠮᠦᠨ᠎ᠡ ᠦᠵᠡᠰᠬᠦᠯᠡᠩ ᠦ᠋ᠨ ᠵᠡᠷᠭᠡᠯᠡᠳᠡᠭᠡ ᠭᠡᠷ ᠦ᠋ᠨ ᠯᠢ ᠨᠠᠰᠤᠲᠠᠨ ᠤ᠋ ᠭᠡᠷᠡᠴᠢᠯᠡᠬᠦ ᠪᠡᠷ ᠦᠵᠡᠰᠬᠦᠯᠡᠩ ᠶᠠᠭ ᠠᠮᠢ ᠲᠠᠯᠪᠢᠬᠤ ᠦᠶ᠎ᠡ ᠳᠦ ᠪᠡᠨ ᠭᠡᠨᠡᠳᠲᠡ ᠬᠠᠷᠢᠶᠠᠨ ᠢᠰᠬᠦᠴᠡᠵᠦ ᠴᠢᠨᠡᠭᠡ ᠪᠡᠷ ᠢ᠋ᠶ᠋ᠡᠨ ᠴᠢᠨᠠᠭᠰᠢ ᠲᠦᠯᠬᠢᠵᠦ ᠪᠠᠢᠭᠰᠠᠨ ᠡᠷ᠎ᠡ ᠪᠡᠨ ᠲᠡᠪᠡᠷᠢᠵᠦ᠄ 《ᠪᠣᠯᠤᠷᠴᠠᠭᠠᠨ᠂ ᠪᠢ ᠠᠳᠤᠭᠤᠰᠤᠨ ᠳ᠋ᠤ᠌᠁ ᠲᠡᠷᠡ ᠠᠳᠤᠭᠤᠰᠤᠨ ᠳ᠋ᠤ᠌᠁ ᠲᠠ᠁ ᠲᠠᠪᠤ》 ᠭᠡᠳ ᠠᠮᠢᠰᠬᠤᠯ ᠢ᠋ᠶ᠋ᠠᠨ ᠬᠤᠷᠢᠶᠠᠭᠰᠠᠨ ᠭᠡᠳᠡᠭ᠃《ᠠᠳᠤᠭᠤᠰᠤᠨ ᠳ᠋ᠤ᠌᠁》 ᠂ 《ᠲᠡᠷᠡ ᠁》 ᠭᠡᠵᠦ ᠪᠠᠢᠭᠰᠠᠨ ᠠ᠋ᠴᠠ ᠦᠵᠡᠬᠦ ᠳ᠋ᠦ᠍ ᠯᠠᠪᠲᠠᠢ ᠪᠣᠯᠤᠷᠴᠠᠭᠠᠨ ᠢ᠋ ᠵᠢᠭᠠᠵᠤ ᠪᠠᠢᠬᠤ ᠪᠢᠰᠢ᠂ ᠢᠩᠭᠢᠭᠡᠳ ᠲᠡᠷᠡ ᠰᠠᠶᠢ ᠡᠷ᠎ᠡ ᠶ᠋ᠢ ᠪᠡᠨ ᠡᠨᠡᠷᠢᠨ ᠲᠡᠪᠡᠷᠢᠵᠦ ᠭᠢᠯᠢᠰᠳᠡᠭᠦᠯᠦᠭᠰᠡᠨ ᠳᠦ ᠪᠡᠨ ᠭᠣᠮᠣᠳᠠᠨ ᠠᠮᠢ ᠬᠤᠷᠢᠶᠠᠬᠤ ᠠ᠋ᠴᠠ ᠪᠠᠨ ᠡᠮᠦᠨ᠎ᠡ ᠵᠠᠪᠳᠤᠨ ᠶᠠᠮᠠᠷ ᠨᠢᠭᠡᠨ ᠰᠠᠨᠠᠭᠠᠨ ᠠ᠋ᠴᠠ ᠭᠠᠳᠠᠨᠠᠬᠢ ᠭᠡᠨᠡᠳᠲᠡ ᠪᠣᠳᠣᠭᠳᠠᠭᠰᠠᠨ ᠬᠡᠷᠡᠭ ᠪᠤᠶᠤ ᠡᠰᠡᠪᠡᠯ ᠶᠠᠮᠠᠷ ᠨᠢᠭᠡ ᠠᠳᠤᠭᠤᠰᠤ ᠰᠢᠭ᠋ ᠠᠮᠢᠲᠠᠨ ᠳ᠋ᠤ᠌ ᠪᠢ ᠬᠣᠣᠷᠯᠠᠭᠳᠠᠯᠠ ᠭᠡᠵᠦ ᠬᠡᠯᠡᠬᠦ ᠭᠡᠳ ᠠᠮᠵᠢᠭᠰᠠᠨ ᠦᠭᠡᠢ ᠪᠣᠯᠤᠯᠴᠠᠭ᠎ᠠ ᠪᠠᠢᠨ᠎ᠠ᠃ ᠁ ᠲᠡᠷᠡᠴᠢᠯᠡᠨ 《ᠲᠠ ᠁ ᠲᠠᠪᠤ ᠁》ᠭᠡᠬᠦ ᠡᠴᠡ ᠦᠵᠡᠬᠦ ᠳ᠋ᠦ᠍ ᠲᠡᠷᠡ ᠠᠳᠤᠭᠤᠰᠤ ᠭᠡᠭᠴᠢ ᠲᠠᠪᠤᠨ ᠴᠠᠭ ᠪᠤᠶᠤ ᠲᠠᠪᠤᠨ ᠴᠠᠭ ᠤ᠋ᠨ ᠡᠮᠦᠨ᠎ᠡ ᠬᠣᠢᠨ᠎ᠠ ᠢᠷᠡᠭᠰᠡᠨ ᠪᠠᠢᠵᠤ ᠮᠡᠳᠡᠬᠦ ᠪᠢᠰᠢ ᠤᠤ? ᠡᠭᠦᠨ ᠡᠴᠡ ᠥᠭᠡᠷ᠎ᠡ ᠵᠦᠢᠯ ᠢ᠋ᠶ᠋ᠡᠷ ᠲᠠᠪᠤ ᠭᠡᠬᠦ ᠲᠣᠭ᠎ᠠ ᠶ᠋ᠢ ᠵᠦᠢᠴᠢᠯᠡᠬᠦ ᠪᠣᠯᠤᠯᠴᠠᠭ᠎ᠠ ᠦᠭᠡᠢ ᠪᠠᠢᠯ᠎ᠠ᠃
— ᠴᠢᠨᠠᠭᠰᠢ ᠪᠣᠳᠣᠯᠬᠢᠯᠠᠵᠤ ᠦᠵᠡᠪᠡᠯ᠂ ᠦᠵᠡᠰᠬᠦᠯᠡᠩ ᠢ᠋ ᠬᠣᠣᠷᠯᠠᠭᠳᠠᠭᠰᠠᠨ ᠲᠡᠷᠡ ᠦᠳᠡ ᠶ᠋ᠢᠨ ᠬᠣᠢᠨ᠎ᠠ᠂ ᠬᠣᠶᠠᠷ ᠴᠠᠭ ᠲᠤ᠌ ᠪᠣᠯᠤᠷᠴᠠᠭᠠᠨ ᠢ᠋ ᠠᠵᠢᠯ ᠳᠤ ᠪᠠᠨ ᠭᠠᠷᠬᠤ ᠳ᠋ᠤ᠌ ᠸᠠᠩ ᠯᠠᠨ ᠬᠤᠸᠠ ᠨᠢᠭᠡᠨᠲᠡ ᠲᠡᠳᠡᠨ ᠦ᠌ ᠳ᠋ᠦ᠍ ᠢᠷᠡᠭᠡᠳ ᠪᠠᠢᠪᠠ᠃ ᠸᠠᠩ ᠯᠠᠨ ᠬᠤᠸᠠ ᠲᠠᠪᠤᠨ ᠴᠠᠭ ᠤ᠋ᠨ ᠦᠶ᠎ᠡ ᠪᠡᠷ ᠶᠠᠪᠤᠭᠰᠠᠨ᠃ ᠲᠠᠪᠤᠨ ᠴᠠᠭ ᠬᠠᠭᠠᠰ ᠤ᠋ᠨ ᠦᠶ᠎ᠡ ᠪᠡᠷ ᠪᠣᠯᠤᠷᠴᠠᠭᠠᠨ ᠨᠢᠭᠡᠨᠲᠡ ᠬᠠᠷᠢᠵᠤ ᠢᠷᠡᠭᠰᠡᠨ᠃ ᠡᠨᠡ ᠬᠣᠶᠠᠷ ᠤ᠋ᠨ ᠶᠠᠪᠤᠬᠤ ᠢᠷᠡᠬᠦ ᠬᠣᠭᠣᠷᠣᠨᠳᠣ ᠰᠠᠶᠢ ᠬᠠᠭᠠᠰᠬᠠᠨ ᠴᠠᠭ ᠤ᠋ᠨ ᠵᠦᠷᠢᠶᠡᠨ ᠲᠡᠢ᠃ ᠬᠡᠷᠪᠡ ᠶᠠᠮᠠᠷ ᠨᠢᠭᠡᠨ ᠠᠳᠤᠭᠤᠰᠤ ᠢᠷᠡᠭᠰᠡᠨ ᠪᠣᠯ ᠡᠷᠬᠡᠪᠰᠢ ᠬᠠᠭᠠᠰ ᠴᠠᠭ ᠤ᠋ᠨ ᠬᠣᠭᠣᠷᠣᠨᠳᠣ ᠪᠠᠢᠬᠤ ᠶᠣᠰᠣᠲᠠᠢ᠃ ᠡᠶᠢᠮᠦ ᠡᠴᠡ ᠦᠵᠡᠰᠬᠦᠯᠡᠩ ᠦ᠋ᠨ ᠡᠴᠦᠰ ᠦ᠋ᠨ ᠦᠭᠡ 《ᠲᠠᠪᠤ ᠁》 ᠭᠡᠳᠡᠭ ᠨᠢ ᠲᠠᠪᠤᠨ ᠴᠠᠭ ᠭᠠᠷᠤᠢ ᠶ᠋ᠢ ᠵᠢᠭᠠᠵᠤ ᠪᠠᠢᠬᠤ ᠪᠣᠯᠤᠯᠴᠠᠭ᠎ᠠ ᠶᠡᠬᠡ ᠪᠠᠢᠭ᠎ᠠ ᠪᠢᠰᠢ ᠤᠤ? ᠭᠡᠳ ᠲᠦᠪᠰᠢᠨ ᠭᠤᠸᠠᠢ ᠨᠢᠭᠡ ᠲᠠᠮᠠᠬᠢ ᠨᠣᠴᠣᠭᠠᠵᠤ ᠠᠪᠤᠭᠠᠳ᠄
— ᠪᠦᠬᠦ ᠬᠡᠷᠡᠭ ᠦ᠋ᠨ ᠵᠠᠩᠭᠢᠯᠠᠭ᠎ᠠ ᠶ᠋ᠢ ᠢᠩᠭᠢᠵᠦ ᠬᠠᠭᠠᠰ ᠴᠠᠭ ᠳᠡᠭᠡᠷ᠎ᠡ ᠰᠢᠬᠠᠭᠰᠠᠨ ᠰᠠᠭᠤᠷᠢᠨ ᠳᠡᠭᠡᠷ᠎ᠡ ᠨᠠᠳᠠ ᠸᠠᠩ ᠯᠠᠨ ᠬᠤᠸᠠ ᠡᠨᠡ ᠬᠦ᠌ 《ᠠᠳᠤᠭᠤᠰᠤ》 ᠲᠠᠢ ᠠᠭᠤᠯᠵᠠᠬᠤ ᠪᠣᠯᠤᠯᠴᠠᠭ᠎ᠠ ᠶᠡᠬᠡ ᠪᠠᠢᠨ᠎ᠠ ᠭᠡᠵᠦ ᠪᠣᠳᠣᠭᠳᠠᠪᠠ᠃ ᠁ ᠪᠠᠢᠴᠠᠭᠠᠭᠰᠠᠨ ᠤ᠋ ᠳ᠋ᠦᠩ ᠳ᠋ᠦ᠍ ᠲᠡᠭᠦᠨ ᠦ᠌ ᠦᠵᠡᠰᠬᠦᠯᠡᠩ ᠦ᠋ᠨ ᠡᠭᠦᠳᠡ ᠪᠡᠷ ᠭᠠᠷᠤᠭᠰᠠᠨ ᠬᠥᠳᠡᠯᠦᠯ᠂ ᠵᠡᠭᠡᠯᠢ ᠪᠡᠷ ᠶᠠᠪᠤᠭᠰᠠᠨ ᠬᠤᠷᠳᠤᠴᠠ᠂ ᠰᠢᠤᠳᠠᠨ ᠲᠣᠪᠴᠢᠶᠠᠨ ᠳ᠋ᠠᠬᠢ ᠰᠠᠨᠳᠤᠷᠤᠯ ᠠ᠋ᠴᠠ ᠸᠠᠩ ᠯᠠᠨ ᠬᠤᠸᠠ ᠡᠨᠡ ᠠᠮᠢᠲᠠᠨ ᠲᠠᠢ ᠲᠠᠭᠠᠷᠠᠯᠳᠤᠭᠰᠠᠨ ᠪᠤᠶᠤ ᠨᠠᠭᠠᠳᠤ ᠵᠠᠬ᠎ᠠ ᠳᠤ ᠪᠠᠨ ᠰᠡᠷᠡᠯᠲᠡ ᠣᠯᠵᠤ ᠪᠠᠷᠤᠭᠯᠠᠭᠰᠠᠨ ᠭᠡᠳᠡᠭ ᠨᠢ ᠭᠡᠷᠡᠴᠢᠯᠡᠭᠳᠡᠪᠡ᠃
— ᠭᠡᠲᠡᠯ᠎ᠡ ᠡᠨᠡ ᠬᠥᠮᠦᠨ ᠪᠣᠯ ᠸᠠᠩ ᠯᠠᠨ ᠬᠤᠸᠠ ᠲᠠᠢ ᠶᠠᠮᠠᠷ ᠨᠢᠭᠡᠨ ᠠᠰᠢᠭ ᠬᠣᠣᠷ ᠤ᠋ᠨ ᠬᠠᠷᠢᠴᠠᠭ᠎ᠠ ᠲᠠᠢ ᠪᠠᠢᠳᠠᠭ ᠪᠣᠯᠤᠯᠲᠠᠢ᠂ ᠸᠠᠩ ᠯᠠᠨ ᠬᠤᠸᠠ ᠲᠡᠷᠡ ᠦᠳᠡᠰᠢ ᠪᠢᠳᠡᠨ ᠳ᠋ᠦ᠍ ᠲᠡᠭᠦᠨ ᠦ᠌ ᠨᠡᠷ᠎ᠡ ᠶ᠋ᠢ ᠰᠢᠭᠤᠳ ᠬᠡᠯᠡᠭᠰᠡᠨ ᠦᠭᠡᠢ᠃ ᠮᠠᠰᠢ ᠬᠠᠷᠠᠮᠰᠠᠯᠲᠠᠢ ᠨᠢ᠂ ᠪᠢᠳᠡᠨ ᠢ᠋ ᠸᠠᠩ ᠯᠠᠨ ᠬᠤᠸᠠ ᠲᠠᠢ ᠶᠠᠷᠢᠯᠴᠠᠨ ᠵᠠᠷᠢᠮ ᠠᠰᠠᠭᠤᠳᠠᠯ ᠢ᠋ ᠲᠤᠯᠭᠠᠨ ᠰᠢᠬᠠᠵᠤ ᠪᠠᠢᠬᠤ ᠳ᠋ᠤ᠌ ᠨᠢᠭᠡ ᠬᠥᠮᠦᠨ ᠬᠤᠯᠠᠭᠠᠢᠯᠠᠨ ᠰᠣᠨᠣᠰᠬᠤ ᠮᠠᠰᠢᠨ ᠢ᠋ᠶ᠋ᠠᠷ ᠰᠣᠨᠣᠰᠴᠤ ᠪᠠᠢᠵᠠᠢ᠃ ᠸᠠᠩ ᠯᠠᠨ ᠬᠤᠸᠠ ᠪᠢᠳᠡᠨ ᠳ᠋ᠦ᠍ ᠨᠡᠷ᠎ᠡ ᠶ᠋ᠢ ᠨᠢ ᠬᠡᠯᠡᠭᠰᠡᠨ ᠦᠭᠡᠢ ᠨᠢ ᠲᠡᠭᠦᠨ ᠳ᠋ᠦ᠍ ᠣᠯᠳᠠᠰᠢ ᠦᠭᠡᠢ ᠵᠣᠯ ᠲᠠᠢ ᠶᠠᠪᠤᠳᠠᠯ ᠪᠣᠯᠵᠤ᠂ ᠪᠢᠳᠡᠨ ᠢ᠋ ᠳᠥᠩᠭᠡᠵᠦ ᠶᠠᠪᠤᠮᠠᠭᠴᠠ ᠲᠡᠷᠡ ᠬᠥᠮᠦᠨ ᠣᠷᠣᠵᠤ ᠢᠷᠡᠭᠡᠳ ᠸᠠᠩ ᠯᠠᠨ ᠬᠤᠸᠠ ᠵᠢ ᠠᠯᠠᠵᠤ ᠭᠡᠷᠡᠴᠢ ᠪᠡᠨ ᠤᠰᠠᠳᠬᠠᠵᠠᠢ᠃
— ᠡᠨᠡ ᠬᠥᠮᠦᠨ ᠪᠣᠯ ᠳᠠᠷᠤᠢ《ᠠᠳᠤᠭᠤᠰᠤ》 ᠁ᠭᠡᠵᠦ ᠬᠡᠯᠡᠲᠡᠯ᠎ᠡ ᠳ᠋ᠢᠶᠠᠩᠬᠤᠸᠠ ᠶ᠋ᠢᠨ ᠬᠣᠩᠬᠣᠨ ᠤ᠋ ᠳᠠᠭᠤᠨ ᠵᠢᠩᠭᠢᠨᠡᠵᠦ ᠲᠡᠷᠡ ᠬᠣᠶᠠᠭᠤᠯᠠ ᠶ᠋ᠢᠨ ᠶᠠᠷᠢᠶ᠎ᠠ ᠶ᠋ᠢ ᠵᠠᠪᠰᠠᠷᠯᠠᠭᠤᠯᠪᠠ᠃
ᠤᠩᠰᠢᠭᠰᠠᠨ ᠨᠢ᠄ ᠴᠡᠴᠡᠭᠮ᠎ᠠ
