ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠶᠠᠷ> Хялгасан дөрөөн дээр – Хасвулаг зохиов <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠶᠠᠷ> Хялгасан дөрөөн дээр – Хасвулаг зохиов <2>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠶᠠᠷ> Хялгасан дөрөөн дээр – Хасвулаг зохиов <2>

ᠠᠩᠭᠢᠯᠠᠯ:ᠲᠤᠭᠤᠵᠢ ᠷᠣᠮᠠᠨ
2025-12-19

185

ᠬᠢᠯᠭᠠᠰᠤᠨ ᠳᠥᠷᠥᠭᠡᠨ ᠳᠡᠭᠡᠷ᠎ᠡ ᠎- <ᠬᠣᠶᠠᠷ>


                ᠬᠣᠶᠠᠷ 
 
       ᠲᠦᠮᠡᠨᠨᠠᠰᠤᠲᠤ ᠬᠣᠲᠠ ᠶ᠋ᠢᠨ ᠥᠷᠭᠡᠨ ᠠᠭᠤᠳᠠᠮ ᠭᠣᠣᠯ ᠵᠡᠭᠡᠯᠢ ᠶ᠋ᠢᠨ ᠬᠣᠶᠠᠷ ᠬᠠᠵᠠᠭᠤ ᠪᠠᠷ ᠬᠥᠮᠦᠰ ᠪᠠᠭᠰᠢᠷᠠᠲᠠᠯ᠎ᠠ ᠪᠠᠨ ᠰᠢᠬᠠᠯᠳᠤᠨ ᠵᠣᠭᠰᠣᠵᠠᠢ᠃ ᠡᠮᠦᠨ᠎ᠡ ᠨᠢ ᠵᠠᠮ ᠨᠡᠭᠡᠭᠡᠨ ᠠᠯᠭᠤᠷ ᠠᠭᠠᠵᠢᠮᠬᠠᠨ ᠶᠠᠪᠤᠬᠤ ᠴᠠᠭᠳᠠᠭᠠᠨ ᠲᠡᠷᠭᠡ ᠪᠠᠴᠢᠮ ᠣᠭᠵᠣᠮᠬᠠᠨ ᠳᠣᠬᠢᠶᠠᠨ ᠳᠠᠭᠤ ᠪᠠᠨ ᠲᠠᠰᠤᠷᠠᠯᠲᠠ ᠦᠭᠡᠢ ᠵᠢᠩᠭᠢᠰ ᠵᠢᠩᠭᠢᠰ ᠳᠤᠤᠭᠠᠷᠭᠠᠬᠤ ᠳ᠋ᠤ᠌ ᠬᠥᠮᠦᠰ ᠦ᠋ᠨ ᠰᠡᠳᠬᠢᠯ ᠰᠠᠨᠠᠭ᠎ᠠ ᠮᠠᠰᠢ ᠲᠣᠭᠲᠠᠪᠤᠷᠢ ᠦᠭᠡᠢ ᠪᠠᠴᠢᠮ ᠪᠠᠢᠳᠠᠯ ᠲᠠᠢ ᠪᠣᠯᠵᠤ ᠪᠠᠢᠯ᠎ᠠ᠃  
       ᠲᠡᠭᠦᠨ ᠦ᠌ ᠬᠣᠢᠨ᠎ᠠ ᠠ᠋ᠴᠠ ᠭᠤᠷᠪᠠᠯᠵᠢᠯᠠᠨ ᠵᠢᠭᠰᠠᠭᠰᠠᠨ ᠮᠣᠲ᠋ᠣᠷ ᠲᠡᠷᠭᠡ ᠲᠡᠢ ᠴᠠᠭᠳᠠᠭ᠎ᠠ ᠨᠠᠷ ᠵᠠᠢ ᠵᠠᠪᠰᠠᠷ ᠢ᠋ᠶ᠋ᠠᠨ ᠡᠪᠲᠡᠢ ᠰᠠᠢᠬᠠᠨ ᠵᠣᠬᠢᠴᠠᠭᠤᠯᠤᠨ ᠤᠷᠤᠭᠰᠢᠯᠠᠨ᠎ᠠ᠃ ᠲᠡᠭᠦᠨ ᠦ᠌ ᠠᠷᠤ ᠠ᠋ᠴᠠ ᠵᠢᠴᠢᠶᠠᠩ ᠫᠤᠤ ᠲᠣᠬᠢᠷᠠᠭᠤᠯᠤᠭᠰᠠᠨ ᠶᠡᠬᠡ ᠲᠡᠷᠭᠡᠨ ᠳᠡᠭᠡᠷ᠎ᠡ ᠶᠠᠯᠠᠲᠠᠨ ᠪᠣᠯᠤᠷᠴᠠᠭᠠᠨ ᠢ᠋ ᠬᠣᠶᠠᠷ ᠴᠠᠭᠳᠠᠭ᠎ᠠ ᠮᠥᠷᠥ ᠡᠴᠡ ᠨᠢ ᠴᠢᠩᠭᠠᠬᠠᠨ ᠭᠡᠭᠴᠢ ᠪᠠᠵᠠᠭᠳᠠᠨ ᠪᠠᠷᠢᠭᠠᠳ ᠵᠣᠭᠰᠣᠭᠠᠵᠠᠢ᠃ ᠬᠠᠵᠠᠭᠤ ᠪᠠᠷ ᠨᠢ ᠠᠳᠠᠯᠢᠬᠠᠨ  ᠮᠠᠶᠢᠭ ᠢ᠋ᠶ᠋ᠠᠷ ᠬᠤᠪᠴᠠᠰᠤᠯᠠᠨ ᠥᠪᠴᠢ ᠵᠡᠪᠰᠡᠭᠯᠡᠭᠰᠡᠨ ᠴᠠᠭᠳᠠᠭ᠎ᠠ ᠨᠠᠷ ᠲᠦᠪ ᠵᠣᠭᠰᠣᠵᠠᠢ᠃ 
       ᠦᠢᠮᠡᠯᠳᠦᠨ ᠱᠤᠤᠭᠢᠯᠳᠤᠭᠰᠠᠨ ᠬᠥᠮᠦᠨ ᠦ᠌ ᠤᠷᠤᠰᠬᠠᠯ ᠪᠣᠯᠤᠨ ᠬᠦᠩᠭᠢᠨᠡᠨ ᠳᠦᠩᠭᠢᠨᠡᠭᠰᠡᠨ ᠲᠡᠷᠭᠡᠨ ᠴᠤᠪᠤᠭ᠎ᠠ ᠬᠣᠢᠨ᠎ᠠ ᠬᠣᠢᠨ᠎ᠠ ᠠ᠋ᠴᠠ ᠪᠠᠨ ᠡᠩᠨᠡᠷᠡᠵᠦ ᠴᠠᠭᠠᠵᠠ ᠶ᠋ᠢᠨ ᠲᠠᠯᠠᠪᠠᠢ ᠶ᠋ᠢ ᠴᠢᠭᠯᠡᠨ᠎ᠡ᠃  
       ᠬᠣᠪᠣᠷ ᠲᠤᠭᠡᠶᠡᠯᠳᠤᠬᠤ ᠵᠦᠢᠯ ᠭᠠᠢᠬᠠᠭᠤᠰᠢᠲᠠᠢ ᠪᠠᠢᠳᠠᠭ ᠪᠠᠢᠨ᠎ᠠ᠃  
       ᠬᠥᠮᠦᠨ ᠠᠯᠠᠬᠤ ᠶᠠᠪᠤᠳᠠᠯ ᠦᠷᠭᠦᠯᠵᠢ ᠭᠠᠷᠤᠭᠠᠳ ᠪᠠᠢᠳᠠᠭ ᠪᠢᠰᠢ᠂ ᠬᠠᠶᠠ ᠨᠢᠭᠡ ᠲᠣᠬᠢᠶᠠᠯᠳᠤᠬᠤ ᠪᠣᠯᠬᠣᠷ ᠬᠥᠮᠦᠰ ᠦ᠋ᠨ ᠭᠠᠢᠬᠠᠵᠤ ᠰᠣᠨᠢᠷᠬᠠᠬᠤ ᠨᠢ ᠪᠠᠭ᠎ᠠ ᠦᠭᠡᠢ ᠶᠦᠮ᠃ ᠣᠷᠴᠢᠮ ᠤ᠋ᠨ ᠵᠢᠯ ᠦ᠋ᠳ ᠲᠦ᠍ ᠤᠳᠠᠭ᠎ᠠ ᠪᠦᠷᠢ ᠲᠦᠮᠡᠨᠨᠠᠰᠤᠲᠤ ᠬᠣᠲᠠ ᠶ᠋ᠢᠨ ᠲᠡᠭᠦᠷᠭᠡ ᠳ᠋ᠦ᠍ ᠠᠯᠠᠭᠳᠠᠬᠤ ᠶᠠᠯᠠᠲᠠᠨ ᠭᠠᠷᠬᠤ ᠪᠦᠷᠢ ᠬᠥᠮᠦᠰ ᠦ᠋ᠨ ᠴᠤᠭᠯᠠᠭᠠᠨ ᠣᠷᠭᠢᠯ ᠳ᠋ᠠᠭᠠᠨ ᠬᠦᠷᠴᠦ᠂ ᠤᠬᠠᠮᠰᠠᠷ ᠠ᠋ᠴᠠ ᠪᠠᠨ ᠲᠥᠪᠯᠡᠷᠡᠬᠦ ᠬᠡᠮᠵᠢᠶ᠎ᠡ ᠨᠢ ᠶᠠᠮᠠᠷ ᠨᠢᠭᠡ ᠬᠠᠲᠠᠭᠤ ᠴᠢᠩᠭ᠎ᠠ ᠵᠠᠷᠯᠢᠭ ᠵᠠᠬᠢᠶ᠎ᠠ ᠪᠠᠭᠤᠯᠭᠠᠵᠤ ᠴᠤᠭᠯᠠᠭᠤᠯᠤᠭᠰᠠᠨ ᠠ᠋ᠴᠠ ᠬᠣᠯᠠ ᠳᠠᠪᠠᠳᠠᠭ ᠪᠠᠢᠨ᠎ᠠ᠃ ᠶᠠᠯᠠᠲᠠᠨ ᠲᠡᠭᠡᠭᠡᠭᠰᠡᠨ ᠶᠡᠬᠡ ᠲᠡᠷᠭᠡ ᠴᠠᠭᠠᠵᠠ ᠶ᠋ᠢᠨ ᠲᠠᠯᠠᠪᠠᠢ ᠳ᠋ᠤ᠌ ᠬᠦᠷᠬᠦ ᠳ᠋ᠦ᠍ ᠬᠡᠳᠦᠨ ᠲᠠᠯ᠎ᠠ ᠳ᠋ᠠᠬᠢ ᠰᠡᠷᠭᠡᠢᠯᠡᠯᠲᠡ ᠶ᠋ᠢᠨ ᠱᠤᠭᠤᠮ ᠤ᠋ᠨ ᠭᠠᠳᠠᠭᠤᠷ ᠬᠥᠮᠦᠰ ᠣᠪᠣᠭᠠᠷᠠᠯᠳᠤᠭᠠᠳ ᠰᠠᠯᠬᠢ ᠨᠡᠪᠲᠡᠷᠡᠬᠦ ᠵᠠᠢ ᠵᠠᠪᠰᠠᠷ ᠦᠭᠡᠢ ᠪᠣᠯᠵᠤ᠂ ᠬᠠᠷᠪᠤᠯᠲᠠ ᠶ᠋ᠢᠨ ᠴᠡᠭ ᠥᠭᠡᠳᠡ ᠨᠢᠳᠦ ᠴᠠᠪᠴᠢᠯ ᠦᠭᠡᠢ ᠰᠢᠷᠳᠡᠵᠡᠭᠡᠨ᠎ᠡ᠃ 
       ᠶᠠᠯᠠᠲᠠᠨ ᠤ᠋ ᠦᠬᠦᠳᠡᠯ ᠢ᠋ ᠪᠤᠯᠠᠬᠤ ᠪᠠᠷ ᠠᠯᠢ ᠡᠷᠲᠡ ᠮᠠᠯᠲᠠᠵᠤ ᠪᠡᠯᠡᠳᠬᠡᠭᠰᠡᠨ ᠨᠦᠬᠡᠨ ᠦ᠌ ᠳᠡᠷᠭᠡᠳᠡ ᠴᠠᠭᠳᠠᠭ᠎ᠠ ᠨᠠᠷ ᠪᠣᠯᠤᠷᠴᠠᠭᠠᠨ ᠢ᠋ ᠬᠠᠷ᠎ᠠ ᠬᠦᠴᠦ ᠪᠡᠷ ᠲᠦᠯᠬᠢᠵᠦ ᠳᠤᠭᠲᠤᠷᠴᠤ ᠠᠪᠠᠴᠢᠭᠠᠳ ᠵᠠᠭᠠᠮᠠᠳᠠᠨ ᠰᠥᠭᠥᠳᠬᠡᠪᠡ᠃  
       ᠴᠢᠩᠭ᠎ᠠ ᠰᠡᠷᠭᠡᠢᠯᠡᠯᠲᠡ ᠶ᠋ᠢᠨ ᠫᠤᠤ ᠭᠤᠷᠪᠠᠨᠲᠠ ᠳᠤᠤᠭᠠᠷᠴᠤ᠂ ᠳᠣᠬᠢᠶᠠᠨ ᠰᠤᠮᠤ ᠨᠣᠭᠣᠭᠠᠨ ᠤᠯᠠᠭᠠᠨ ᠰᠠᠴᠤᠷᠠᠭ ᠢ᠋ᠶ᠋ᠠᠨ ᠭᠡᠷᠡᠯᠲᠦᠭᠦᠯᠦᠨ ᠬᠥᠬᠡ ᠣᠭᠲᠠᠷᠭᠤᠢ ᠳ᠋ᠤ᠌ ᠰᠤᠭᠤᠨᠠᠭ ᠲᠡᠳᠡᠨ ᠵᠠᠳᠠᠷᠠᠬᠤ ᠳ᠋ᠤ᠌ ᠣᠢᠯᠤᠨ ᠪᠤᠴᠠᠯᠤᠭᠰᠠᠨ ᠬᠥᠮᠦᠰ ᠦ᠋ᠨ ᠦᠢᠮᠡᠭᠡᠨ ᠱᠤᠤᠭᠢᠶᠠᠨ ᠬᠣᠷᠣᠮᠬᠠᠨ ᠵᠠᠭᠤᠷ᠎ᠠ ᠲᠠᠭ ᠲᠠᠰᠤᠷᠠᠵᠤ ᠂ ᠨᠠᠮ ᠵᠢᠮ ᠪᠣᠯᠤᠭᠠᠳ ᠳᠠᠷᠠᠭᠠᠴᠢ ᠶ᠋ᠢᠨ ᠫᠤᠤ ᠶ᠋ᠢᠨ ᠳᠠᠭᠤᠨ ᠢ᠋ ᠬᠦᠯᠢᠶᠡᠵᠡᠭᠡᠨ᠎ᠡ᠃ 
       ᠡᠨᠡ ᠬᠦ᠌ ᠠᠶᠤᠯᠲᠤ ᠬᠠᠷ᠎ᠠ ᠨᠦᠬᠡᠨ ᠦ᠌ ᠬᠠᠵᠠᠭᠤ ᠳ᠋ᠤ᠌ ᠰᠥᠭᠥᠳᠦᠭᠰᠡᠨ ᠶᠠᠯᠠᠲᠠᠨ ᠳ᠋ᠤ᠌ ᠪᠠᠰᠠ ᠡᠳᠦᠢ ᠲᠡᠳᠦᠢ ᠭᠠᠷ ᠭᠦᠢᠴᠡᠳᠬᠡᠯ ᠬᠢᠬᠦ ᠥᠩᠭᠡᠷᠡᠯᠲᠡ ᠶᠠᠪᠤᠴᠠ ᠲᠠᠢ ᠶᠤᠮ ᠰᠠᠨᠵᠠᠢ᠃ 
       ᠴᠠᠭᠠᠨ ᠬᠤᠪᠴᠠᠰᠤ ᠲᠠᠢ ᠮᠡᠷᠭᠡᠵᠢᠯᠲᠡᠨ ᠴᠠᠭᠳᠠᠭ᠎ᠠ ᠨᠠᠷ ᠠᠯᠠᠬᠤ ᠡᠷᠡᠭᠦᠦ ᠶ᠋ᠢ ᠬᠡᠷᠡᠭᠵᠢᠭᠦᠯᠬᠦ ᠦᠶ᠎ᠡ ᠶ᠋ᠢᠨ ᠦᠨᠡᠨ ᠪᠠᠢᠳᠠᠯ ᠢ᠋ ᠳᠤᠰᠬᠠᠭᠰᠠᠨ ᠵᠢᠷᠤᠭ ᠳᠦᠷᠰᠦ ᠶ᠋ᠢ ᠪᠠᠭᠤᠯᠭᠠᠬᠤ ᠪᠠᠷ ᠰᠥᠭᠥᠳᠴᠦ ᠪᠠᠢᠭ᠎ᠠ ᠪᠣᠯᠤᠷᠴᠠᠭᠠᠨ ᠤ᠋ ᠲᠠᠯ᠎ᠠ ᠪᠦᠷᠢ ᠡᠴᠡ ᠵᠢᠷᠤᠭ ᠤ᠋ᠨ ᠮᠠᠰᠢᠨ ᠤ᠋ ᠪᠠᠨ ᠵᠠᠮᠤᠭ ᠢ᠋ ᠲᠦᠷᠭᠡᠨ ᠲᠦᠷᠭᠡᠨ ᠳᠠᠷᠤᠵᠤ ᠲᠤᠬᠠᠢ ᠶ᠋ᠢᠨ ᠲᠠᠯᠠᠪᠤᠷ ᠢ᠋ ᠦᠯᠡᠳᠡᠭᠡᠵᠦ ᠠᠪᠬᠤ ᠭᠡᠵᠦ ᠶᠠᠭᠠᠷᠠᠯᠳᠤᠨ᠎ᠠ᠃  
       ᠢᠩᠭᠢᠭᠡᠳ ᠥᠩᠭᠡᠷᠡᠩᠭᠦᠲᠡ ᠠᠮᠠᠪᠴᠢ ᠵᠡᠭᠦᠨ ᠬᠠᠪᠲᠠᠰᠤ ᠪᠠᠷᠢᠭᠰᠠᠨ ᠬᠠᠤᠯᠢ ᠶ᠋ᠢᠨ ᠡᠮᠴᠢ ᠶᠠᠯᠠᠲᠠᠨ ᠤ᠋ ᠨᠢᠷᠤᠭᠤᠨ ᠲᠠᠯ᠎ᠠ ᠳ᠋ᠤᠨᠢ ᠬᠠᠭᠠᠰ ᠪᠥᠭᠴᠥᠢᠨ᠂ ᠬᠠᠭᠠᠰ ᠣᠴᠣᠢᠨ ᠵᠢᠷᠦᠬᠡ ᠲᠡᠢ ᠨᠢ ᠠᠰᠯᠠᠭᠰᠠᠨ ᠬᠡᠰᠡᠭ ᠲᠦ᠋ᠨᠢ ᠴᠠᠭᠠᠨ ᠡᠦ‍ ᠪᠡᠷ ᠴᠠᠭᠠᠷᠢᠭ ᠵᠢᠷᠤᠵᠤ ᠴᠢᠭᠯᠡᠭᠦᠯᠦᠨ ᠫᠤᠤᠳᠠᠬᠤ ᠳ᠋ᠤ᠌ ᠪᠡᠯᠡᠳᠬᠡᠪᠡ᠃ ᠡᠨᠡ ᠨᠢ ᠬᠤᠷᠳᠤᠨ ᠮᠥᠷᠲᠡᠭᠡᠨ ᠪᠠᠲᠤᠯᠠᠭ᠎ᠠ ᠲᠠᠢ ᠠᠯᠠᠬᠤ ᠶ᠋ᠢᠨ ᠲᠡᠮᠳᠡᠭ ᠪᠠᠢᠵᠠᠢ᠃  
       ᠬᠠᠤᠯᠢ ᠶ᠋ᠢᠨ ᠡᠮᠴᠢ ᠶ᠋ᠢᠨ ᠡᠨᠡ ᠬᠦ᠌ ᠪᠡᠯᠡᠳᠬᠡᠯ ᠲᠡᠭᠦᠰᠬᠦ ᠲᠡᠢ ᠵᠡᠷᠭᠡ ᠳᠡᠷᠭᠡᠳᠡ ᠨᠢ ᠪᠠᠢᠭᠰᠠᠨ ᠴᠠᠭᠳᠠᠭ᠎ᠠ ᠨᠠᠷ ᠪᠣᠯᠤᠨ ᠬᠠᠤᠯᠢ ᠶ᠋ᠢᠨ ᠠᠵᠢᠯᠲᠠᠳ ᠪᠠᠷᠤᠭ ᠯᠠ ᠬᠥᠳᠡᠯᠦᠯ ᠨᠢᠭᠡᠲᠡᠢ ᠪᠡᠷ ᠭᠡᠳᠡᠷᠭᠦ ᠵᠠᠢᠯᠠᠨ᠂ ᠠᠯᠠᠬᠤ ᠴᠠᠭ ᠠ᠋ᠴᠠ ᠠᠷᠪᠠᠨ ᠬᠡᠳᠦᠨ ᠮᠧᠲ᠋ᠷ ᠵᠠᠢᠲᠠᠢ ᠪᠠᠢᠭ᠎ᠠ ᠳᠣᠲᠣᠭᠠᠳᠤ ᠰᠡᠷᠭᠡᠢᠯᠡᠯᠲᠡ ᠶ᠋ᠢᠨ ᠤᠲᠠᠰᠤᠨ ᠤ᠋ ᠭᠠᠳᠠᠨ᠎ᠠ ᠭᠠᠷᠴᠤ ᠵᠣᠭᠰᠣᠵᠠᠭᠠᠪᠠ᠃ 
       ᠭᠣᠣᠨᠢ ᠭᠠᠭᠴᠠᠭᠠᠷ ᠪᠥᠬᠥᠢᠨ ᠰᠥᠭᠥᠳᠦᠭᠰᠡᠨ ᠪᠣᠯᠤᠷᠴᠠᠭᠠᠨ ᠠ᠋ᠴᠠ ᠠᠯᠲᠠ ᠭᠠᠷᠤᠢ ᠵᠠᠢᠲᠠᠢ ᠭᠠᠵᠠᠷ ᠲᠤ᠌ ᠲᠦᠪᠰᠢᠨ ᠭᠤᠸᠠᠢ ᠬᠣᠶᠠᠷ ᠭᠠᠷ ᠲᠠᠭᠠᠨ ᠤᠯᠠᠭᠠᠨ ᠨᠣᠭᠣᠭᠠᠨ ᠥᠩᠭᠡ ᠲᠡᠢ ᠳᠣᠬᠢᠶᠠᠨ ᠲᠤᠭ ᠪᠠᠷᠢᠨ ᠵᠣᠭᠰᠣᠵᠠᠢ᠃ ᠲᠡᠭᠦᠨ ᠦ᠌ ᠳᠣᠬᠢᠶᠠᠨ ᠲᠤᠭ ᠤ᠋ᠨ ᠳᠣᠬᠢᠯᠲᠠ ᠪᠠᠷ ᠬᠣᠯᠠᠬᠠᠨ ᠵᠣᠭᠰᠣᠭᠰᠠᠨ ᠬᠣᠶᠠᠷ ᠴᠡᠷᠢᠭ ᠭᠠᠷ ᠲᠠᠭᠠᠨ ᠪᠦᠷᠢᠨ ᠠᠦᠲ᠋ᠣᠮᠠᠲ ᠤᠷᠲᠤ ᠫᠤᠤ ᠪᠠᠷᠢᠭᠠᠳ ᠪᠣᠰᠢᠭᠣ ᠰᠤᠷᠮᠠᠭᠠᠢ ᠪᠠᠷ ᠭᠦᠶᠦᠯᠳᠦᠨ ᠢᠷᠡᠵᠦ᠂ ᠶᠠᠯᠠᠲᠠᠨ ᠤ᠋ ᠠᠷᠤ ᠳ᠋ᠤ᠌ ᠵᠡᠷᠭᠡᠴᠡᠨ ᠵᠣᠭᠰᠣᠭᠠᠳ ᠬᠥᠳᠡᠯᠦᠯ ᠨᠢᠭᠡᠲᠡᠢ ᠪᠡᠷ ᠫᠤᠤ ᠶ᠋ᠢᠨ ᠰᠣᠢᠯᠲᠠ ᠶ᠋ᠢ ᠨᠡᠭᠡᠭᠡᠨ ᠵᠠᠮᠤᠭ ᠢ᠋ ᠨᠢ ᠬᠠᠷᠳ᠋ᠬᠢᠲᠠᠯ᠎ᠠ ᠲᠡᠳᠡᠨ ᠰᠤᠮᠤ ᠪᠠᠨ ᠬᠡᠪᠲᠡᠰᠢᠨ ᠳ᠋ᠦ᠍ᠨᠢ ᠲᠦᠯᠬᠢᠨ ᠣᠷᠣᠭᠤᠯᠤᠭᠠᠳ ᠠᠮᠵᠢᠪᠠ᠃ 
       ᠤᠷᠲᠤ ᠫᠤᠤ ᠶ᠋ᠢᠨ ᠠᠮᠠᠰᠠᠷ ᠨᠢ ᠪᠦᠷ ᠲᠡᠷᠡ ᠬᠦ᠌ ᠬᠤᠪᠴᠠᠰᠤᠨ ᠤ᠋ ᠠᠷᠤ ᠳ᠋ᠠᠬᠢ ᠵᠢᠷᠦᠬᠡ ᠶ᠋ᠢ ᠨᠢ ᠲᠡᠮᠳᠡᠭᠯᠡᠨ ᠵᠢᠷᠤᠭᠰᠠᠨ ᠴᠠᠭᠠᠷᠢᠭ ᠲᠠᠢ ᠠᠰ ᠴᠢᠭᠯᠡᠵᠦ᠂ ᠫᠤᠤᠳᠠᠭᠴᠢ ᠨᠠᠷ ᠤ᠋ᠨ ᠨᠢᠳᠦ ᠳᠣᠬᠢᠶᠠᠨ ᠲᠤᠭ ᠢ᠋ ᠠᠩᠬᠠᠷᠤᠨ ᠬᠠᠷᠠᠵᠠᠭᠠᠨ᠎ᠠ᠃ ᠲᠡᠷᠡ ᠬᠦ᠌ ᠲᠤᠭ ᠳᠣᠷᠣᠭᠰᠢ ᠲᠣᠬᠢᠮᠠᠭᠴᠠ ᠡᠬᠢᠯᠡᠨ ᠬᠠᠷᠪᠤᠵᠤ᠂ ᠪᠣᠯᠤᠷᠴᠠᠭᠠᠨ ᠤ᠋ ᠠᠮᠢ ᠨᠠᠰᠤ ᠳᠠᠷᠤᠢ ᠡᠴᠦᠰᠯᠡᠬᠦ ᠪᠣᠯᠤᠨ᠎ᠠ᠃ ᠠᠮᠢ ᠨᠠᠰᠤᠨ ᠤ᠋ ᠬᠢᠨᠢ ᠡᠴᠦᠰ ᠦ᠋ᠨ ᠮᠥᠴᠡ ᠨᠢᠭᠡᠨᠲᠡ ᠢᠷᠡᠬᠦ ᠰᠢᠬᠠᠭᠰᠠᠨ ᠢ᠋ ᠮᠡᠳᠡᠭᠰᠡᠨ ᠪᠣᠯᠤᠷᠴᠠᠭᠠᠨ ᠭᠡᠨᠡᠳᠲᠡ ᠭᠠᠵᠠᠷ ᠡᠯᠢᠭᠡᠳᠡᠨ ᠤᠨᠠᠭᠠᠳ᠄ 
       — ᠬᠢᠯᠢᠰ᠁ ᠬᠢᠯᠢᠰ᠁ ᠪᠢ ᠬᠢᠯᠢᠰᠳᠡᠵᠡᠢ᠁ ᠭᠡᠵᠦ ᠲᠠᠰᠤᠯᠳᠠᠭᠤᠯᠤᠨ ᠬᠠᠰᠬᠢᠷᠤᠯ᠎ᠠ᠃ ᠢᠳᠡᠷ ᠨᠠᠰᠤᠨ ᠤ᠋ ᠪᠣᠯᠤᠷᠴᠠᠭᠠᠨ ᠤ᠋ ᠢᠩᠭᠢᠵᠦ ᠪᠦᠬᠦ ᠬᠦᠴᠦ ᠪᠡᠨ ᠰᠢᠪᠬᠠᠨ ᠬᠡᠭᠦᠷ ᠢ᠋ ᠨᠢ ᠪᠤᠯᠠᠬᠤ ᠨᠦᠬᠡᠨ ᠦ᠌ ᠳᠡᠷᠭᠡᠳᠡ ᠪᠠᠭᠯᠠᠭᠠᠰᠤ ᠪᠠᠷᠢᠶ᠎ᠠ ᠲᠠᠢ ᠪᠠᠨ ᠲᠡᠢᠴᠢᠭᠢᠨᠡᠨ᠂ ᠬᠣᠭᠣᠯᠠᠢ ᠶ᠋ᠢᠨ ᠢ᠋ᠶ᠋ᠡᠨ ᠲᠡᠩᠬᠡᠭᠡ ᠪᠡᠷ ᠣᠷᠢᠯᠠᠨ ᠪᠠᠷᠬᠢᠷᠠᠬᠤ ᠳᠠᠭᠤᠨ ᠠ᠋ᠴᠠ ᠭᠠᠰᠠᠯᠤᠯ ᠰᠢᠨᠠᠯᠤᠯ ᠤ᠋ᠨ ᠠᠶ᠎ᠠ ᠰᠣᠨᠣᠰᠳᠠᠬᠤ ᠳ᠋ᠤ᠌ ᠰᠦᠷᠡᠬᠡᠢ ᠶᠠᠭᠤᠮ᠎ᠠ ᠦᠵᠡᠬᠦ ᠭᠡᠵᠦ ᠨᠠᠮ ᠵᠢᠮᠬᠡᠨ ᠵᠣᠭᠰᠣᠭᠰᠠᠨ ᠲᠦᠮᠡ ᠮᠢᠩᠭᠠᠨ ᠦᠵᠡᠭᠴᠢᠳ ᠰᠣᠴᠢᠰᠬᠢᠵᠦ᠂ ᠶᠠᠭᠤ ᠪᠣᠯᠤᠭᠰᠠᠨ ᠲᠤᠬᠠᠢ ᠬᠡᠯᠡᠯᠴᠡᠨ ᠦᠢᠮᠡᠯ᠎ᠡ᠃ 
       ᠲᠦᠪᠰᠢᠨ ᠭᠤᠸᠠᠢ ᠪᠣᠯᠤᠷᠴᠠᠭᠠᠨ ᠤ᠋ ᠳᠡᠷᠭᠡᠳᠡ ᠪᠠᠷᠤᠭ ᠯᠠ ᠦᠰᠦᠷᠦᠮ᠎ᠡ ᠰᠢᠬᠠᠮ ᠣᠴᠢᠭᠠᠳ ᠭᠠᠷ ᠤ᠋ᠨ ᠠᠶ᠎ᠠ ᠪᠠᠷ ᠳᠣᠬᠢᠶᠠᠨ ᠲᠤᠭ ᠢ᠋ᠶ᠋ᠠᠨ ᠬᠤᠷᠢᠶᠠᠭᠠᠳ ᠫᠤᠤᠳᠠᠭᠴᠢᠳ ᠢ᠋ ᠵᠠᠷᠯᠢᠭᠳᠠᠨ ᠭᠡᠳᠡᠷᠭᠦ ᠤᠬᠤᠷᠢᠭᠤᠯᠵᠤ᠂ ᠬᠣᠶᠠᠷ ᠴᠠᠭᠳᠠᠭ᠎ᠠ ᠳᠠᠭᠤᠳᠠᠨ ᠢᠷᠡᠭᠦᠯᠦᠭᠡᠳ᠂ ᠭᠤᠯᠳᠤᠢᠨ ᠤᠨᠠᠭᠰᠠᠨ ᠪᠣᠯᠤᠷᠴᠠᠭᠠᠨ ᠢ᠋ ᠡᠷᠭᠦᠵᠦ ᠪᠣᠰᠬᠠᠬᠤ ᠳ᠋ᠤ᠌᠂ ᠲᠡᠷᠡ ᠨᠢᠭᠡᠨᠲᠡ ᠮᠠᠨᠠᠷᠠᠵᠤ ᠬᠠᠷᠠᠯᠠᠭᠰᠠᠨ ᠪᠠᠢᠯ᠎ᠠ᠃  
       ᠬᠣᠶᠠᠷ ᠴᠠᠭᠳᠠᠭ᠎ᠠ ᠬᠡᠳᠦᠨᠲᠡ ᠰᠠᠵᠢᠭᠰᠠᠨ ᠪᠣᠯᠪᠠᠴᠤ ᠰᠡᠷᠭᠦᠭᠰᠡᠨ ᠦᠭᠡᠢ᠂ ᠲᠦᠪᠰᠢᠨ ᠱᠠᠯᠠᠪᠬᠠᠨ ᠭᠡᠭᠴᠢ ᠪᠡᠷ ᠶᠡᠬᠡ ᠲᠡᠷᠭᠡᠨ ᠦ᠌ ᠣᠷᠣᠢ ᠳᠡᠭᠡᠷ᠎ᠡ ᠭᠠᠷᠴᠤ ᠲᠣᠭᠣᠷᠢᠨ ᠵᠣᠭᠰᠣᠭᠰᠠᠨ ᠬᠥᠮᠦᠰ ᠦ᠋ᠨ ᠵᠦᠭ᠄
       — ᠶᠠᠯᠠᠲᠠᠨ ᠪᠣᠯᠣᠷᠴᠠᠭᠠᠨ ᠠᠯᠠᠬᠤ ᠡᠷᠡᠭᠦᠦ ᠶ᠋ᠢ ᠬᠡᠷᠡᠭᠵᠢᠭᠦᠯᠬᠦ ᠶ᠋ᠢᠨ ᠡᠮᠦᠨ᠎ᠡ ᠬᠢᠯᠢᠰ ᠬᠠᠰᠬᠢᠷᠤᠭᠠᠳ ᠮᠠᠭᠤᠵᠢᠷᠠᠨ ᠤᠨᠠᠪᠠ᠃ ᠡᠳᠦᠭᠡ ᠪᠢ ᠮᠠᠨ ᠤ᠋ ᠤᠯᠤᠰ ᠤ᠋ᠨ ᠡᠷᠡᠭᠦᠦ ᠶ᠋ᠢᠨ ᠵᠠᠷᠭᠤ ᠶ᠋ᠢᠨ ᠬᠠᠤᠯᠢ ᠶ᠋ᠢᠨ 155 ᠳ᠋ᠤᠭᠠᠷ ᠵᠤᠷᠪᠤᠰ ᠳᠠᠬᠢ ᠠᠯᠠᠬᠤ ᠶ᠋ᠢᠨ ᠡᠮᠦᠨ᠎ᠡ ᠶᠠᠯᠠᠲᠠᠨ ᠬᠡᠷᠪᠡ ᠬᠢᠯᠢᠰ ᠬᠠᠰᠬᠢᠷᠪᠠᠯ ᠳᠠᠬᠢᠨ ᠠᠰᠠᠭᠤᠵᠤ ᠪᠠᠢᠴᠠᠭᠠᠬᠤ ᠲᠣᠭᠲᠠᠭᠠᠯ ᠶᠣᠰᠣᠭᠠᠷ ᠥᠨᠥᠳᠥᠷ ᠪᠣᠯᠤᠷᠴᠠᠭᠠᠨ ᠢ᠋ ᠠᠯᠠᠬᠤ ᠶ᠋ᠢ ᠬᠣᠢᠰᠢᠯᠠᠭᠤᠯᠵᠤ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠨ ᠠᠪᠠᠴᠢᠵᠤ ᠳᠠᠪᠲᠠᠨ ᠪᠠᠢᠴᠠᠭᠠᠨ᠎ᠠ᠃ ᠢᠩᠭᠢᠭᠡᠳ ᠰᠢᠭᠦᠨ ᠲᠣᠳᠣᠷᠬᠠᠢᠯᠠᠭᠰᠠᠨ ᠤ᠋ ᠳᠠᠷᠠᠭ᠎ᠠ ᠠᠯᠠᠬᠤ ᠡᠰᠡᠬᠦ ᠶ᠋ᠢ ᠲᠠᠬᠢᠵᠤ ᠨᠡᠢᠲᠡᠯᠡᠨ᠎ᠡ ᠭᠡᠵᠦ ᠵᠠᠷᠯᠠᠪᠠ᠃ 
      ᠢᠩᠭᠢᠵᠦ ᠵᠠᠷᠯᠠᠬᠤ ᠶ᠋ᠢ ᠰᠣᠨᠣᠰᠤᠭᠠᠳ ᠲᠣᠭᠣᠷᠢᠵᠤ ᠵᠣᠭᠰᠣᠭᠰᠠᠨ ᠬᠥᠮᠦᠰ ᠶᠠᠭ ᠯᠠ ᠦᠶᠡᠷ ᠦ᠋ᠨ ᠤᠰᠤ ᠬᠣᠷᠢᠭ᠎ᠠ ᠪᠠᠨ ᠰᠡᠲᠡᠯᠬᠦ ᠠᠳᠠᠯᠢ ᠳᠥᠷᠪᠡᠨ ᠵᠦᠭ ᠲᠦ᠍ ᠪᠤᠲᠠᠷᠠᠪᠠ᠃ ᠴᠠᠭᠳᠠᠭ᠎ᠠ ᠨᠠᠷ ᠴᠤ᠌ ᠪᠠᠭᠯᠠᠭᠠᠰᠤ ᠳ᠋ᠠᠭᠠᠨ ᠠᠲᠤᠷᠢᠭᠠᠳ ᠬᠥᠰᠢᠵᠦ ᠮᠠᠨᠠᠷᠠᠭᠰᠠᠨ ᠪᠣᠯᠤᠷᠴᠠᠭᠠᠨ ᠢ᠋ ᠲᠡᠷᠭᠡᠨ ᠳ᠋ᠦ᠍ ᠠᠪᠴᠤ ᠭᠠᠷᠭᠠᠭᠠᠳ᠂ ᠣᠯᠠᠨ ᠤ᠋ ᠬᠥᠯ ᠡᠴᠡ ᠳᠡᠭᠳᠡᠭᠰᠡᠨ ᠣᠭᠲᠠᠷᠭᠤᠢ ᠲᠤᠯᠤᠮ᠎ᠠ ᠤᠯᠠᠭᠠᠨ ᠲᠣᠭᠣᠰᠣᠨ ᠤ᠋ ᠳᠤᠮᠳᠠᠭᠤᠷ ᠴᠠᠭᠠᠵᠠ ᠶ᠋ᠢᠨ ᠲᠠᠯᠠᠪᠠᠢ ᠠ᠋ᠴᠠ ᠰᠠᠯᠪᠠ᠃ 

           ᠤᠩᠰᠢᠭᠰᠠᠨ ᠨᠢ ᠄ ᠴᠡᠴᠡᠭᠮ᠎ᠡ