ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠨᠢᠭᠡ> Хялгасан дөрөөн дээр – Хасвулаг зохиов <21> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠨᠢᠭᠡ> Хялгасан дөрөөн дээр – Хасвулаг зохиов <21>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠨᠢᠭᠡ> Хялгасан дөрөөн дээр – Хасвулаг зохиов <21>

ᠠᠩᠭᠢᠯᠠᠯ:ᠲᠤᠭᠤᠵᠢ ᠷᠣᠮᠠᠨ
2026-02-02

173

ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠨᠢᠭᠡ>


                ᠬᠣᠷᠢᠨ ᠨᠢᠭᠡ 

       ᠠᠮᠢ ᠨᠠᠰᠤ ᠨᠢ ᠬᠠᠮᠢᠭᠠᠰᠢ ᠪᠣᠯᠬᠤ ᠨᠢ ᠭᠤᠴᠢᠨ ᠡᠳᠦᠷ ᠢ᠋ᠶ᠋ᠡᠷ ᠬᠢᠵᠠᠭᠠᠷᠯᠠᠭᠳᠠᠭᠰᠠᠨ ᠪᠣᠯᠤᠷᠴᠠᠭᠠᠨ ᠭᠤᠷᠪᠠᠨ ᠭᠠᠷᠠᠭ ᠤ᠋ᠨ ᠳᠠᠷᠠᠭ᠎ᠠ ᠳᠠᠬᠢᠨ ᠰᠢᠭᠦᠭᠳᠡᠵᠡᠢ᠃ ᠬᠤᠪᠢ ᠵᠠᠶᠠᠭᠠᠨ ᠤ᠋ ᠬᠠᠮᠤᠭ ᠡᠴᠦᠰ ᠦ᠋ᠨ ᠰᠧᠺᠦ᠋ᠨ᠋ᠲ ᠢ᠋ᠶ᠋ᠡᠨ ᠬᠤᠷᠤᠭᠤ ᠳᠠᠷᠤᠨ ᠲᠣᠭᠠᠯᠠᠵᠤ᠂ ᠪᠤᠳᠤᠯᠢᠶᠠᠨᠲᠤ ᠰᠡᠳᠬᠢᠯ ᠢ᠋ᠶ᠋ᠡᠷ ᠬᠦᠯᠢᠶᠡᠵᠦ ᠪᠠᠢᠭ᠎ᠠ ᠲᠡᠭᠦᠨ ᠳ᠋ᠦ᠍ ᠲᠣᠭ᠎ᠠ ᠦᠭᠡᠢ ᠣᠯᠠᠨ ᠥᠩᠭᠡᠷᠡᠭᠡᠭᠰᠡᠨ ᠰᠢᠭᠦᠯᠲᠡ ᠲᠡᠢᠮᠦ ᠴᠤ᠌ ᠴᠢᠬᠤᠯᠠ ᠶᠠᠭᠤᠮ᠎ᠠ ᠪᠢᠰᠢ ᠪᠠᠢᠯ᠎ᠠ᠃  
       ᠲᠡᠭᠦᠨ ᠢ᠋ ᠭᠠᠪᠠ ᠳᠥᠩᠭᠡ ᠪᠡᠨ ᠬᠠᠷᠳ᠋ — ᠬᠠᠷᠳ᠋ ᠬᠠᠷᠴᠢᠭᠢᠨᠠᠭᠤᠯᠤᠨ ᠰᠢᠭᠦᠬᠦ ᠲᠢᠩᠬᠢᠮ ᠳ᠋ᠦ᠍ ᠠᠯᠴᠠᠭᠠᠴᠢᠨ ᠣᠷᠣᠵᠤ ᠢᠷᠡᠬᠦ ᠳ᠋ᠦ᠍᠂ ᠡᠮᠦᠨ᠎ᠡ ᠡᠴᠡ ᠨᠢ ᠲᠠᠨᠢᠯ ᠳᠠᠰᠤᠯ ᠪᠣᠯᠤᠭᠰᠠᠨ ᠲᠦᠪᠰᠢᠨ ᠦ᠌ ᠲᠥᠪᠯᠡᠭᠦᠨ ᠲᠣᠭᠲᠠᠭᠤᠨ ᠢᠨᠢᠶᠡᠮᠰᠦᠭ ᠴᠢᠷᠠᠢ ᠪᠣᠯᠤᠨ ᠲᠡᠮᠳᠡᠭᠯᠡᠯ ᠦ᠋ᠨ ᠳᠡᠪᠲᠡᠷ ᠢ᠋ᠶ᠋ᠡᠨ ᠱᠠᠭᠠᠢᠵᠤ ᠪᠠᠢᠭ᠎ᠠ ᠬᠥᠬᠡᠳᠤᠯᠢ ᠶ᠋ᠢᠨ ᠰᠢᠷᠦᠭᠦᠨ ᠴᠢᠷᠠᠢ ᠤᠭᠲᠤᠨ ᠠᠪᠴᠠᠢ᠃  
       ᠡᠳᠡᠭᠡᠷ ᠬᠥᠮᠦᠰ ᠶᠠᠯᠠᠲᠠᠨ ᠨᠤᠭᠤᠳ ᠢ᠋ ᠬᠠᠯᠠᠰᠢᠷᠠᠲᠠᠯ᠎ᠠ ᠠᠰᠠᠭᠤᠨ ᠰᠢᠭᠦᠳᠡᠭ ᠨᠢ ᠪᠦᠷ ᠯᠡ ᠶᠠᠯᠠᠲᠠᠨ ᠳ᠋ᠤ᠌ ᠲᠤᠯᠭᠠᠬᠤ ᠡᠷᠡᠭᠦᠦ ᠰᠢᠢᠳᠬᠡᠯ ᠦ᠋ᠨ ᠢ᠋ᠶ᠋ᠡᠨ ᠡᠰᠢ ᠪᠠᠷᠢᠮᠲᠠ ᠶ᠋ᠢ ᠪᠠᠲᠤᠳᠬᠠᠬᠤ ᠶ᠋ᠢᠨ ᠲᠥᠯᠥᠭᠡ ᠶᠦᠮ᠃ ᠪᠣᠯᠤᠷᠴᠠᠭᠠᠨ ᠰᠢᠭᠦᠯᠲᠡ ᠶ᠋ᠢᠨ ᠶᠠᠪᠤᠳᠠᠯ ᠢ᠋ ᠴᠠᠭᠠᠷᠠᠲᠠᠯ᠎ᠠ ᠮᠡᠳᠡᠳᠡᠭ ᠡᠴᠡ ᠥᠨᠥᠳᠥᠷ ᠦ᠋ᠨ ᠶᠠᠪᠤᠳᠠᠯ ᠴᠤ᠌ ᠳᠡᠮᠡᠢ ᠯᠡ ᠬᠡᠷᠡᠭ ᠭᠡᠵᠦ ᠪᠣᠳᠣᠬᠤ ᠲᠣᠰᠤᠮ ᠵᠣᠷᠢᠭ ᠰᠦᠯᠳᠡ ᠨᠢ ᠤᠨᠲᠠᠷᠠᠨ᠂ ᠵᠢᠭᠠᠭᠰᠠᠨ ᠭᠠᠵᠠᠷ ᠲᠤᠨᠢ ᠲᠣᠯᠣᠭᠠᠢ ᠪᠠᠨ ᠭᠠᠨᠵᠤᠭᠠᠯᠠᠨ ᠰᠠᠭᠤᠲᠠᠯ᠎ᠠ ᠰᠢᠭᠦᠯᠲᠡ ᠡᠬᠢᠯᠡᠵᠡᠢ᠃ 
       — ᠪᠤᠯᠤᠷᠴᠠᠭᠠᠨ ᠠ᠋᠂ ᠴᠢᠮ᠎ᠠ ᠶᠢ ᠠᠯᠠᠬᠤ ᠲᠠᠯᠠᠪᠠᠢ ᠠ᠋ᠴᠠ ᠪᠤᠴᠠᠭᠠᠭᠠᠳ ᠬᠣᠷᠢ ᠭᠠᠷᠤᠢ ᠬᠣᠨᠣᠯ᠎ᠠ᠃ ᠪᠢᠳᠡ ᠬᠠᠤᠯᠢ ᠶ᠋ᠢᠨ ᠲᠣᠭᠲᠠᠭᠠᠯ ᠶᠣᠰᠣᠭᠠᠷ ᠴᠢᠨᠦ ᠪᠦᠬᠦ ᠬᠡᠷᠡᠭ ᠢ᠋ ᠳᠠᠬᠢᠨ ᠮᠥᠷᠳᠡᠨ ᠪᠠᠢᠴᠠᠭᠠᠭᠰᠠᠨ᠃  ᠥᠨᠥᠳᠥᠷ ᠴᠢᠮ᠎ᠠ ᠢ ᠳᠠᠬᠢᠨ ᠰᠢᠭᠦᠵᠦ ᠬᠡᠳᠦᠨ ᠠᠰᠠᠭᠤᠳᠠᠯ ᠢ᠋ ᠲᠤᠲᠤᠷᠬᠠᠢᠯᠠᠭᠤᠯᠬᠤ ᠴᠢᠬᠤᠯᠠ ᠲᠠᠢ ᠪᠠᠢᠨ᠎ᠠ᠃ 
       — ᠪᠢ ᠮᠡᠳᠡᠬᠦ ᠵᠦᠢᠯ ᠢ᠋ᠶ᠋ᠡᠨ ᠪᠣᠯ ᠪᠦᠬᠦᠨ ᠢ᠋ ᠲᠣᠳᠣᠷᠬᠠᠢᠯᠠᠨ᠎ᠠ᠃ 
       — ᠴᠢᠮ᠎ᠠ ᠠ᠋ᠴᠠ ᠠᠰᠠᠭᠤᠬᠤ ᠭᠡᠵᠦ ᠪᠠᠢᠭ᠎ᠠ ᠤᠴᠢᠷ ᠤ᠋ᠳ ᠢ᠋ ᠪᠣᠯ ᠪᠦᠷ ᠮᠡᠳᠡᠬᠦ ᠶᠦᠮ᠃ ᠴᠢ ᠦᠨᠡᠨ ᠮᠥᠨ ᠢ᠋ᠶ᠋ᠡᠷ ᠨᠢ ᠲᠤᠲᠤᠷᠬᠠᠢᠯᠠᠬᠤ ᠡᠰᠡᠬᠦ ᠪᠣᠯ ᠴᠢᠨᠦ ᠣᠪᠣᠷ ᠤ᠋ᠨ ᠠᠰᠠᠭᠤᠳᠠᠯ ᠰᠢᠦ᠃ 
       — ᠰᠢᠭᠦᠭᠴᠢ ᠳᠠᠷᠤᠭ᠎ᠠ ᠠ᠋᠂ ᠲᠠᠨ ᠤ᠋ ᠦᠭᠡ ᠨᠠᠳᠠ ᠦᠨᠡᠬᠡᠷ ᠣᠢᠯᠠᠭᠠᠭᠳᠠᠬᠤ ᠦᠭᠡᠢ ᠪᠠᠢᠨ᠎ᠠ᠃ ᠴᠣᠬᠣᠮ ᠶᠠᠮᠠᠷ ᠨᠢᠭᠡ ᠨᠢᠭᠤᠴᠠ ᠵᠦᠢᠯ ᠢ᠋ ᠪᠢ ᠠᠮᠢ ᠪᠠᠷ ᠢ᠋ᠶ᠋ᠠᠨ ᠬᠠᠮᠠᠭᠠᠯᠠᠬᠤ ᠪᠣᠢ? 
       — ᠠᠮᠢᠳᠤᠷᠠᠯ ᠳᠤᠮᠳᠠ ᠠᠮᠢ ᠨᠠᠰᠤ ᠪᠠᠷ ᠢ᠋ᠶ᠋ᠠᠨ ᠬᠠᠮᠠᠭᠠᠯᠠᠬᠤ ᠨᠢᠭᠤᠴᠠ ᠶᠠᠪᠤᠳᠠᠯ ᠲᠣᠬᠢᠶᠠᠯᠳᠤᠵᠤ ᠮᠡᠳᠡᠨ᠎ᠡ᠃ ᠭᠡᠲᠡᠯ᠎ᠡ ᠬᠠᠮᠠᠭᠠᠯᠠᠬᠤ ᠵᠣᠷᠢᠯᠭ᠎ᠠ ᠪᠣᠯᠤᠨ ᠦᠵᠡᠯᠲᠡ ᠪᠣᠯ ᠠᠳᠠᠯᠢ ᠦᠭᠡᠢ᠃ ᠴᠢᠮ᠎ᠠ ᠳ᠋ᠤ᠌ ᠪᠣᠯ ᠨᠢᠭᠤᠴᠠ ᠶ᠋ᠢ ᠬᠠᠮᠠᠭᠠᠯᠠᠬᠤ ᠡᠰᠡᠬᠦ ᠨᠢ ᠪᠦᠷ ᠠᠳᠠᠯᠢᠬᠠᠨ ᠦᠷ᠎ᠡ ᠳ᠋ᠦᠩ ᠢ᠋ ᠠᠪᠴᠢᠷᠠᠬᠤ ᠶᠤᠮ᠃ ᠴᠢ ᠢᠩᠭᠢᠵᠦ ᠪᠣᠳᠣᠭᠠᠳ ᠨᠢᠭᠤᠴᠠ ᠪᠠᠨ ᠬᠡᠯᠡᠬᠦ ᠦᠭᠡᠢ ᠪᠠᠢᠨ᠎ᠠ᠃ ᠲᠡᠢᠮᠦ ᠪᠢᠰᠢ ᠤᠤ? 
       — ᠁ 
       — ᠬᠠᠤᠯᠢ ᠳᠡᠭᠡᠷ᠎ᠡ᠂ ᠬᠢᠭᠰᠡᠨ ᠬᠡᠷᠡᠭ ᠦ᠋ᠨ ᠬᠢᠨᠢ ᠬᠦᠨᠳᠦ ᠬᠥᠩᠭᠡᠨ ᠢ᠋ ᠦᠵᠡᠵᠦ ᠠᠳᠠᠯᠢ ᠪᠤᠰᠤ ᠪᠠᠷ ᠰᠢᠢᠳᠬᠡᠬᠦ ᠪᠣᠯ ᠵᠠᠪᠠᠯ ᠪᠠᠷᠢᠮᠲᠠᠯᠠᠬᠤ ᠬᠡᠷᠡᠭᠲᠡᠢ ᠵᠠᠷᠴᠢᠮ ᠪᠣᠯᠤᠨ᠎ᠠ᠃ ᠡᠭᠦᠨ ᠳ᠋ᠦ᠍ ᠡᠷᠡᠭᠡᠯᠵᠡᠬᠦ ᠭᠠᠵᠠᠷ ᠥᠴᠦᠬᠡᠨ ᠴᠤ᠌ ᠦᠭᠡᠢ᠃ ᠭᠡᠲᠡᠯ᠎ᠡ ᠦᠨᠡᠨ ᠮᠠᠭᠠᠳ ᠢ᠋ ᠨᠢ ᠲᠤᠳᠤᠷᠬᠠᠢᠯᠠᠬᠤ ᠠ᠋ᠴᠠ ᠡᠮᠦᠨ᠎ᠡ ᠬᠠᠤᠯᠢ ᠶ᠋ᠢ ᠬᠠᠯᠲᠤ ᠮᠥᠯᠲᠥ ᠬᠡᠷᠡᠭᠵᠢᠭᠦᠯᠪᠡᠯ ᠤᠯᠤᠰ ᠤ᠋ᠨ ᠬᠠᠤᠯᠢ ᠶ᠋ᠢ ᠭᠤᠲᠤᠭᠠᠵᠤ ᠠᠵᠢᠯ ᠤ᠋ᠨ ᠬᠠᠷᠢᠭᠤᠴᠠᠯᠭ᠎ᠠ ᠪᠠᠨ ᠠᠯᠳᠠᠭᠰᠠᠨ ᠶᠠᠪᠤᠳᠠᠯ ᠪᠣᠯᠤᠨ᠎ᠠ᠃ ᠪᠣᠯᠤᠷᠴᠠᠭᠠᠨ! ᠴᠢ ᠪᠢᠳᠡᠨ ᠢ᠋ ᠬᠠᠪᠰᠤᠷᠴᠤ ᠪᠡᠶ᠎ᠡ ᠲᠡᠢ ᠴᠢᠨᠢ ᠰᠢᠭᠤᠳ ᠬᠣᠯᠪᠣᠭᠳᠠᠭᠰᠠᠨ ᠬᠡᠷᠡᠭ ᠢ᠋ ᠴᠡᠭᠠᠪᠤᠷᠯᠠᠵᠤ ᠲᠤᠳᠤᠷᠬᠠᠢᠯᠠᠬᠤ ᠬᠡᠷᠡᠭᠲᠡᠢ᠃ ᠮᠢᠨᠦ ᠲᠠᠭᠠᠮᠠᠭᠯᠠᠯ ᠢ᠋ᠶ᠋ᠠᠷ ᠪᠣᠯ ᠴᠢ ᠣᠳᠣ ᠪᠣᠯᠲᠠᠯ᠎ᠠ ᠬᠠᠷ᠎ᠠ ᠴᠠᠭᠠᠨ ᠤ᠋ ᠢᠯᠭᠠᠭ᠎ᠠ ᠪᠠᠨ ᠰᠠᠢᠨ ᠣᠯᠤᠭᠠᠳᠤᠢ ᠰᠢᠭ᠋ ᠪᠠᠢᠨ᠎ᠠ᠃ ᠴᠢ ᠰᠠᠢᠨ ᠪᠣᠳᠣᠵᠤ ᠦᠵᠡᠭᠡᠷᠡᠢ᠃ 
       — ᠪᠢ ᠦᠨᠡᠬᠡᠷ ᠠᠶᠤᠬᠤ ᠳᠤ ᠪᠠᠨ ᠬᠢᠯᠢᠰ ᠬᠠᠰᠬᠢᠷᠤᠭᠰᠠᠨ᠃ 
       — ᠪᠢᠲᠡᠭᠡᠢ ᠰᠠᠨᠳᠤᠷ᠂ ᠪᠢ ᠪᠣᠳᠣᠬᠤ ᠳ᠋ᠤ᠌ ᠴᠢ ᠵᠠᠷᠢᠮ ᠠᠰᠠᠭᠤᠳᠠᠯ ᠢ᠋ ᠪᠤᠷᠤᠭᠤ ᠪᠣᠳᠣᠯᠬᠢᠯᠠᠵᠤ ᠪᠠᠢᠵᠤ ᠮᠡᠳᠡᠨ᠎ᠡ᠃ ᠭᠡᠲᠡᠯ᠎ᠡ ᠡᠳᠡᠭᠡᠷ ᠢ᠋ ᠴᠢᠮ᠎ᠠ ᠳ᠋ᠤ᠌ ᠠᠯᠭᠤᠷ ᠢ᠋ᠶ᠋ᠠᠷ ᠲᠣᠳᠣᠷᠬᠠᠢᠯᠠᠨ ᠲᠠᠢᠯᠪᠤᠷᠢᠯᠠᠵᠤ ᠪᠣᠯᠤᠨ᠎ᠠ᠃ ᠣᠳᠣ ᠴᠢ ᠦᠵᠡᠰᠬᠦᠯᠡᠩ ᠲᠡᠢ ᠡᠬᠢᠯᠡᠵᠦ ᠵᠣᠳᠣᠯᠴᠠᠭᠰᠠᠨ ᠰᠢᠯᠲᠠᠭᠠᠨ ᠢ᠋ᠶ᠋ᠠᠨ ᠨᠠᠷᠢᠨ ᠶᠠᠷᠢ᠃ 
       — ᠨᠢᠭᠡᠨ ᠭᠡᠷ ᠪᠦᠯᠢ ᠶ᠋ᠢᠨ ᠡᠷ᠎ᠡ ᠡᠮ᠎ᠡ ᠶ᠋ᠢᠨ ᠵᠣᠳᠣᠭᠠᠨ ᠵᠢᠭᠤᠷᠠᠭᠠᠨ ᠡᠨᠡ ᠬᠦ᠌ ᠬᠡᠷᠡᠭ ᠲᠡᠢ ᠲᠡᠢᠮᠦ ᠵᠠᠢᠯᠠᠰᠢ ᠦᠭᠡᠢ ᠰᠢᠭᠤᠳ ᠬᠣᠯᠪᠣᠭᠳᠠᠯ ᠲᠠᠢ ᠭᠡᠵᠢ ᠤᠤ? ᠲᠡᠷᠡᠴᠢᠯᠡᠨ ᠪᠢ ᠦᠵᠡᠰᠬᠦᠯᠡᠩ ᠢ᠋ ᠬᠣᠣᠷᠯᠠᠭᠰᠠᠨ ᠤ᠋ ᠡᠮᠦᠨ᠎ᠡ ᠬᠣᠢᠨᠠᠬᠢ ᠥᠩᠭᠡᠷᠡᠯᠲᠡ ᠶ᠋ᠢ ᠳᠠᠬᠢᠨ ᠡᠷᠭᠢᠴᠡᠭᠦᠯᠦᠨ ᠶᠠᠷᠢᠬᠤ ᠠ᠋ᠴᠠ ᠬᠠᠯᠠᠰᠢᠷᠠᠬᠤ ᠶᠤᠮ᠃ ᠲᠢᠩᠬᠢᠮ ᠦ᠋ᠨ ᠳᠠᠷᠤᠭ᠎ᠠ ᠠ᠋᠂ ᠬᠠᠲᠠᠭᠤ ᠰᠠᠨᠠᠭᠠᠨ ᠤ᠋ ᠮᠤᠬᠤᠷ ᠠ᠋ᠴᠠ ᠡᠭᠦᠰᠦᠭᠰᠡᠨ ᠠᠭᠤᠷ ᠬᠣᠣᠷ ᠤ᠋ᠨ ᠤᠷᠰᠢᠭ ᠢ᠋ᠶ᠋ᠠᠷ ᠪᠢ ᠡᠬᠡᠨᠡᠷ ᠲᠤ ᠪᠠᠨ ᠠᠭᠤᠴᠢᠯᠠᠭᠳᠠᠰᠢ ᠦᠭᠡᠢ ᠶᠠᠯ᠎ᠠ ᠨᠢᠭᠦᠯ ᠦᠢᠯᠡᠳᠦᠭᠰᠡᠨ᠃ ᠭᠡᠲᠡᠯ᠎ᠡ ᠤᠬᠠᠭᠠᠷᠠᠨ ᠰᠡᠬᠡᠭᠡᠷᠡᠭᠰᠡᠨ ᠦᠶ᠎ᠡ ᠳ᠋ᠦ᠍᠂ ᠬᠠᠮᠲᠤ ᠪᠠᠢᠭᠰᠠᠨ ᠴᠠᠭ ᠤ᠋ᠨ ᠬᠠᠢᠷ᠎ᠠ ᠰᠡᠳᠬᠢᠯᠭᠡ ᠳᠤᠷᠠᠰᠤᠭᠳᠠᠵᠤ᠂ ᠰᠡᠳᠬᠢᠯ ᠰᠠᠨᠠᠭ᠎ᠠ ᠶ᠋ᠢ ᠲᠠᠷᠴᠢᠯᠠᠭᠠᠨ ᠵᠣᠪᠠᠭᠠᠳᠠᠭ ᠢ᠋ ᠲᠠ ᠢᠲᠡᠭᠡᠬᠦ ᠦᠭᠡᠢ ᠪᠠᠢᠵᠤ ᠮᠡᠳᠡᠨ᠎ᠡ᠃ ᠡᠨᠡ ᠪᠣᠯ ᠥᠪ ᠦᠨᠡᠨ ᠦᠭᠡ᠃ ᠭᠡᠪᠡᠴᠦ ᠪᠢ ᠡᠷᠬᠡ ᠴᠢᠯᠥᠭᠡ ᠪᠡᠨ ᠠᠯᠳᠠᠭᠰᠠᠨ ᠬᠥᠮᠦᠨ ᠦ᠌ ᠬᠤᠪᠢ ᠳ᠋ᠤ᠌᠂ ᠲᠠ ᠨᠠᠷ ᠤ᠋ᠨ ᠠᠰᠠᠭᠤᠭᠰᠠᠨ ᠵᠦᠢᠯ ᠢ᠋ ᠳᠠᠬᠢᠨ ᠳᠠᠪᠲᠠᠨ ᠶᠠᠷᠢᠵᠤ ᠪᠠᠢᠨ᠎ᠠ᠃ ᠣᠳᠣ ᠴᠤ᠌ ᠵᠠᠪᠠᠯ ᠶᠠᠷᠢᠬᠤ ᠴᠢᠬᠤᠯᠠ ᠲᠠᠢ ᠪᠣᠯ ᠪᠠᠰᠠ ᠨᠢᠭᠡ ᠤᠳᠠᠭ᠎ᠠ ᠯᠠ ᠠᠯᠪᠠ ᠭᠦᠢᠴᠡᠳᠬᠡᠬᠦ ᠬᠡᠷᠡᠭ ᠪᠣᠯᠤᠯ᠎ᠠ᠃ 
       — ᠶᠠᠷᠢᠶᠠᠨ ᠦᠭᠡᠢ ᠶᠡᠬᠡ ᠴᠢᠬᠤᠯᠠ ᠲᠠᠢ᠃ ᠴᠢ ᠥᠪ ᠦᠨᠡᠨ ᠢ᠋ᠶ᠋ᠡᠷ ᠨᠢ ᠲᠣᠳᠣᠷᠬᠠᠢᠯᠠᠪᠠᠯ ᠪᠢᠳᠡᠨ ᠳ᠋ᠦ᠍ ᠶᠡᠬᠡ ᠲᠤᠰᠠᠯᠠᠮᠵᠢ ᠪᠣᠯᠬᠤ ᠶᠤᠮ᠃ ᠮᠠᠷᠭᠤᠰᠢ ᠦᠭᠡᠢ ᠦᠨᠡᠨ ᠬᠡᠷᠡᠭ᠂ ᠦᠨᠡᠨ ᠦᠭᠡ ᠯᠡ ᠬᠥᠮᠦᠨ ᠢ᠋ ᠪᠢᠰᠢᠷᠡᠭᠦᠯᠬᠦ ᠬᠦᠴᠦᠨ ᠢ᠋ᠶ᠋ᠡᠷ ᠬᠠᠮᠤᠭ ᠠ᠋ᠴᠠ ᠶᠡᠬᠡ ᠪᠠᠢᠳᠠᠭ᠃ ᠭᠡᠲᠡᠯ᠎ᠡ ᠴᠢ ᠶᠠᠭᠤᠨ ᠳ᠋ᠤ᠌ ᠦᠵᠡᠰᠬᠦᠯᠡᠩ ᠢ᠋ ᠬᠣᠣᠷᠯᠠᠭᠰᠠᠨ ᠢ᠋ᠶ᠋ᠠᠨ ᠡᠷᠭᠢᠴᠡᠭᠦᠯᠵᠦ ᠶᠠᠷᠢᠬᠤ ᠠ᠋ᠴᠠ ᠬᠠᠯᠠᠰᠢᠷᠠᠳᠠᠭ ᠪᠣᠢ? ᠡᠨᠡ ᠪᠣᠳᠣᠯ ᠴᠢᠨᠢ ᠦᠨᠡᠨ ᠤᠤ?
       — ᠡᠨᠡ᠁ ᠡᠨᠡ᠁ ᠶᠡᠷᠦ ᠨᠢ ᠮᠢᠨᠦ ᠶᠠᠯ᠎ᠠ ᠬᠢᠭᠰᠡᠨ ᠨᠢ ᠳᠠᠩᠴᠤ ᠭᠡᠨᠡᠳᠲᠡ ᠶ᠋ᠢᠨ ᠪᠣᠯᠵᠤ᠂ ᠲᠤᠬᠠᠢ ᠶ᠋ᠢᠨ ᠦᠶ᠎ᠡ ᠳ᠋ᠦ᠍ ᠥᠭᠡᠷ᠎ᠡ ᠪᠡᠷ ᠬᠡᠯᠡᠪᠡᠯ ᠪᠣᠯᠬᠢ ᠲᠡᠨᠡᠭ ᠶᠠᠯᠠᠲᠤ ᠠᠵᠢᠯᠯᠠᠭ᠎ᠠ ᠪᠠᠨ ᠭᠠᠷᠳᠠᠨ ᠬᠢᠬᠦ ᠦᠶ᠎ᠡ ᠳ᠋ᠦ᠍ ᠡᠬᠡᠨᠡᠷ ᠦ᠋ᠨ ᠢ᠋ᠶ᠋ᠡᠨ ᠬᠠᠯᠠᠭᠤᠨ ᠬᠠᠢᠷ᠎ᠠ ᠪᠣᠯᠤᠨ ᠬᠠᠮᠲᠤ ᠪᠠᠢᠬᠤ ᠦᠶ᠎ᠡ ᠶ᠋ᠢᠨ ᠵᠣᠯ ᠵᠢᠷᠭᠠᠯᠲᠤ ᠠᠮᠢᠳᠤᠷᠠᠯ ᠢ᠋ ᠶᠡᠷᠦ ᠪᠣᠳᠣᠯᠬᠢᠯᠠᠭᠰᠠᠨ ᠦᠭᠡᠢ ᠪᠠᠢᠵᠠᠢ᠃ ᠣᠳᠣ ᠬᠣᠷᠢᠭᠤᠯ ᠳ᠋ᠤ᠌ ᠣᠷᠣᠭᠠᠳ᠂ ᠡᠳᠦᠷ ᠲᠤ ᠪᠠᠨ ᠬᠢᠭᠰᠡᠨ ᠶᠠᠯᠠᠲᠤ ᠠᠵᠢᠯᠯᠠᠭ᠎ᠠ ᠪᠠᠨ ᠪᠣᠳᠣᠯᠬᠢᠯᠠᠬᠤ ᠦᠶ᠎ᠡ ᠳ᠋ᠦ᠍ ᠡᠷᠬᠡ ᠦᠭᠡᠢ ᠬᠢᠭᠰᠡᠨ ᠦᠢᠯᠡ ᠠᠵᠢᠯᠯᠠᠭ᠎ᠠ ᠪᠠᠨ ᠵᠢᠭᠰᠢᠨ᠂ ᠦᠨᠡᠬᠡᠷ ᠴᠤ᠌ ᠬᠠᠷᠠᠮᠰᠠᠭᠠᠳ ᠪᠠᠷᠠᠬᠤ ᠦᠭᠡᠢ ᠪᠠᠢᠨ᠎ᠠ᠃ ᠲᠡᠢᠮᠦ ᠳᠦ ᠪᠡᠨ ᠡᠬᠡᠨᠡᠷ ᠢ᠋ᠶ᠋ᠡᠨ ᠦᠷᠭᠦᠯᠵᠢᠯᠡᠨ ᠪᠣᠳᠣᠬᠤ ᠠ᠋ᠴᠠ ᠬᠠᠯᠠᠰᠢᠷᠠᠬᠤ ᠶᠤᠮ᠃ 
       — ᠡᠩ ᠦ᠋ᠨ ᠦᠶ᠎ᠡ ᠳ᠋ᠦ᠍ ᠣᠯᠠᠩᠬᠢ ᠶᠠᠯᠠᠲᠠᠨ ᠪᠦᠷ ᠥᠪᠡᠷ ᠦ᠋ᠨ ᠥᠩᠭᠡᠷᠡᠭᠰᠡᠨ ᠳ᠋ᠦ᠍ ᠥᠩᠭᠡᠷᠡᠦ ᠳᠥᠭᠥᠮ ᠭᠣᠷᠢᠳᠠᠯᠭ᠎ᠠ ᠪᠠᠷ ᠬᠢᠭᠰᠡᠨ ᠶᠠᠯ᠎ᠠ ᠳᠤ ᠪᠠᠨ ᠭᠡᠮᠰᠢᠵᠦ ᠮᠡᠳᠡᠨ᠎ᠡ᠃ ᠭᠡᠲᠡᠯ᠎ᠡ ᠴᠢᠮ᠎ᠠ ᠳ᠋ᠤ᠌ ᠠᠪᠴᠤ ᠬᠡᠯᠡᠪᠡᠯ᠂ ᠢᠩᠭᠢᠵᠦ ᠪᠣᠳᠣᠬᠤ ᠨᠢ ᠪᠣᠳᠠᠲᠠᠢ ᠲᠠᠢ ᠨᠡᠢᠴᠡᠬᠦ ᠦᠭᠡᠢ ᠰᠢᠭ ᠪᠠᠢᠨ᠎ᠠ᠃ ᠮᠢᠨᠦ ᠵᠦᠢᠴᠢᠯᠡᠨ ᠪᠣᠳᠣᠬᠤ ᠪᠠᠷ ᠴᠢ ᠪᠤᠰᠤᠳ ᠤ᠋ᠨ ᠪᠤᠷᠤᠭᠤ ᠠᠵᠢᠯᠯᠠᠭ᠎ᠠ ᠳ᠋ᠤ᠌ ᠭᠣᠨᠢᠷᠬᠠᠵᠤ ᠮᠡᠳᠡᠨ᠎ᠡ᠃ ᠭᠡᠲᠡᠯ᠎ᠡ ᠥᠪᠡᠷ ᠦ᠋ᠨ ᠬᠢᠭᠰᠡᠨ ᠠᠯᠢᠪᠠ ᠳᠤ ᠪᠠᠨ ᠥᠴᠦᠬᠡᠨ ᠴᠤ᠌ ᠬᠠᠷᠠᠮᠰᠠᠮᠠᠷ ᠵᠦᠢᠯ ᠪᠠᠢᠬᠤ ᠦᠭᠡᠢ ᠭᠡᠵᠦ ᠢᠲᠡᠭᠡᠵᠦ ᠪᠠᠢᠪᠠᠯ ᠵᠣᠬᠢᠷᠠᠮᠠᠷ ᠶᠤᠮ᠃ ᠭᠡᠪᠡᠴᠦ ᠪᠢᠳᠡ ᠡᠳᠡᠭᠡᠷ ᠢ᠋ ᠶᠠᠷᠢᠬᠤ ᠪᠠᠨ ᠪᠠᠢᠶ᠎ᠠ᠃ ᠥᠨᠥᠳᠥᠷ ᠴᠢ ᠪᠢᠳᠡᠨ ᠳ᠋ᠦ᠍ ᠡᠬᠡᠨᠡᠷ ᠲᠡᠢ ᠪᠡᠨ ᠭᠤᠷᠪᠠ ᠤᠳᠠᠭ᠎ᠠ ᠬᠡᠷᠡᠭᠦᠯ ᠵᠣᠳᠣᠭᠠᠨ ᠬᠢᠭᠰᠡᠨ ᠥᠩᠭᠡᠷᠡᠯᠲᠡ ᠪᠡᠨ ᠨᠠᠷᠢᠨ ᠶᠠᠷᠢᠪᠠᠯ ᠶᠠᠮᠠᠷ? 
       — ᠲᠡᠷᠡ ᠪᠣᠯ ᠪᠦᠷ ᠯᠡ ᠭᠡᠷ ᠪᠦᠯᠢ ᠶ᠋ᠢᠨ ᠢᠬᠢᠷ ᠰᠢᠬᠢᠷ ᠵᠢᠭᠤᠷᠠᠭᠠᠨ ᠠ᠋ᠴᠠ ᠡᠭᠦᠰᠦᠭᠰᠡᠨ ᠬᠡᠷᠡᠭ᠃ ᠡᠭᠦᠨ ᠢ᠋ ᠶᠠᠷᠢᠭᠠᠳ ᠴᠤ᠌ ᠶᠠᠮᠠᠷ ᠬᠡᠷᠡᠭ ᠪᠠᠢᠬᠤ ᠪᠣᠢ᠃ ᠭᠡᠲᠡᠯ᠎ᠡ ᠲᠠᠨᠠᠷ ᠁ 
       — ᠶᠠᠷᠢᠬᠤ ᠨᠢ ᠪᠢᠳᠡᠨ ᠳ᠋ᠦ᠍ ᠮᠠᠰᠢ ᠴᠢᠬᠤᠯᠠ ᠲᠠᠢ᠃ ᠴᠢᠳᠠᠪᠠᠯ ᠦᠭᠡ ᠬᠥᠳᠡᠯᠦᠯ ᠨᠢᠭᠡ ᠪᠦᠷᠢ ᠶ᠋ᠢ ᠣᠷᠬᠢᠭᠳᠠᠯ ᠦᠭᠡᠢ ᠨᠠᠷᠢᠨ ᠶᠠᠷᠢᠪᠠᠯ ᠰᠠᠢᠨ᠃ 
       — ᠴᠣᠬᠣᠮ ᠬᠠᠮᠢᠭ᠎ᠠ ᠠ᠋ᠴᠠ ᠨᠢ ᠡᠬᠢᠯᠡᠭᠦᠯᠬᠦ ᠪᠣᠢ? 
       — ᠦᠵᠡᠰᠬᠦᠯᠡᠩ ᠲᠡᠢ ᠰᠥᠨᠢ ᠪᠡᠷ ᠠᠭᠤᠯᠵᠠᠭᠰᠠᠨ 《ᠨᠣᠶᠠᠨ》ᠭᠡᠳᠡᠭ ᠲᠡᠷᠡ ᠬᠥᠮᠦᠨ ᠡᠴᠡ ᠡᠬᠢᠯᠡᠭᠦᠯᠵᠦ ᠶᠠᠷᠢᠪᠠᠯ ᠰᠠᠢᠨ᠃ 
       — ᠠ᠂ ᠨᠣᠶᠠᠨ᠁ ᠨᠣᠶᠠᠨ᠂ ᠲᠠ ᠨᠠᠷ ᠡᠭᠦᠨ ᠢ᠋ ᠶᠠᠭᠠᠬᠢᠵᠤ ᠮᠡᠳᠡᠭᠰᠡᠨ ᠪᠣᠢ? 
       — ᠰᠠᠯᠬᠢ ᠨᠡᠪᠲᠡᠷᠡᠬᠦ ᠦᠭᠡᠢ ᠬᠡᠷᠡᠮ ᠭᠡᠵᠦ ᠦᠭᠡᠢ ᠰᠢᠦ᠃ ᠪᠢᠳᠡᠨ ᠦ᠌ ᠡᠳᠦᠢ ᠴᠢᠨᠡᠭᠡᠨ ᠡᠳᠦᠷ ᠦ᠋ᠨ ᠪᠠᠢᠴᠠᠭᠠᠯᠲᠠ ᠶ᠋ᠢᠨ ᠠᠮᠵᠢᠯᠲᠠ ᠪᠣᠯ ᠶᠠᠭ ᠡᠭᠦᠨ ᠳᠦ ᠪᠡᠨ ᠪᠠᠢᠵᠤ ᠴᠤ᠌ ᠮᠡᠳᠡᠬᠦ ᠶᠦᠮ᠃ ᠬᠡᠷᠪᠡ ᠪᠢ ᠪᠤᠷᠤᠭᠤ ᠲᠠᠭᠠᠮᠠᠭᠯᠠᠭᠰᠠᠨ ᠦᠭᠡᠢ ᠪᠣᠯ ᠦᠵᠡᠰᠬᠦᠯᠡᠩ ᠢ᠋ ᠲᠡᠷᠡ ᠬᠦ᠌《ᠨᠣᠶᠠᠨ》ᠭᠡᠳᠡᠭ ᠬᠥᠮᠦᠨ ᠲᠡᠢ ᠠᠭᠤᠯᠵᠠᠭᠰᠠᠨ ᠰᠥᠨᠢ ᠲᠠ ᠬᠣᠶᠠᠭᠤᠯᠠ ᠠᠩᠬ᠎ᠠ ᠤᠳᠠᠭ᠎ᠠ ᠵᠣᠳᠣᠯᠴᠠᠭᠰᠠᠨ᠃ ᠲᠡᠢᠮᠦ ᠪᠢᠰᠢ ᠤᠤ? 
       — ᠲᠡᠢᠮᠦ ᠠ᠋᠃ 
       — ᠣᠳᠣ ᠴᠢ ᠡᠨᠳᠡ ᠡᠴᠡ ᠡᠬᠢᠯᠡᠭᠡᠳ ᠨᠠᠷᠢᠨ ᠶᠠᠷᠢ᠃ ᠪᠣᠯᠤᠷᠴᠠᠭᠠᠨ ᠨᠡᠯᠢᠶᠡᠳ ᠳᠤᠭᠤᠢ ᠪᠠᠢᠭᠰᠠᠨ ᠢ᠋ᠶ᠋ᠠᠨ᠄ 
       — ᠨᠠᠮ᠎ᠠ ᠶᠢ ᠶᠠᠯ᠎ᠠ ᠬᠢᠬᠦ ᠡᠴᠡ ᠬᠣᠶᠠᠷ ᠰᠠᠷ᠎ᠠ ᠶ᠋ᠢᠨ ᠡᠮᠦᠨ᠎ᠡ᠂ ᠦᠵᠡᠰᠬᠦᠯᠡᠩ ᠨᠡᠭᠡᠷᠡᠨ ᠥᠭᠡᠷ᠎ᠡ ᠬᠥᠮᠦᠨ ᠪᠣᠯᠵᠤ ᠬᠤᠪᠢᠷᠠᠭᠰᠠᠨ ᠪᠢᠯᠡ᠃ ᠦᠳᠡᠰᠢ ᠪᠦᠷᠢ ᠶᠡᠬᠡ ᠲᠣᠯᠢ ᠶ᠋ᠢᠨ ᠡᠮᠦᠨ᠎ᠡ ᠵᠣᠭᠰᠣᠭᠠᠳ ᠤᠷᠤᠭᠤᠯ ᠢ᠋ᠶ᠋ᠠᠨ ᠤᠯᠠᠭᠠᠨ ᠢ᠋ᠶ᠋ᠠᠷ ᠪᠣᠳᠣᠵᠤ᠂ ᠥᠭᠡᠳᠡᠩ ᠬᠠᠷ᠎ᠠ ᠦᠰᠦ ᠪᠡᠨ ᠳᠠᠯᠤ ᠨᠢᠷᠤᠭᠤ ᠪᠠᠨ ᠪᠦᠷᠬᠦᠲᠡᠯ᠎ᠡ ᠰᠤᠯᠠ ᠲᠠᠯᠪᠢᠨ ᠰᠠᠮᠨᠠᠵᠤ᠂ ᠬᠥᠮᠥᠰᠬᠡ ᠪᠡᠨ ᠳᠡᠰ ᠬᠠᠷ᠎ᠠ ᠪᠠᠷ ᠲᠠᠲᠠᠵᠤ ᠰᠠᠭᠤᠨ᠎ᠠ᠃ 
       — ᠶᠠᠮᠠᠷ ᠨᠢᠭᠡ ᠤᠷᠢᠯᠭ᠎ᠠ ᠶᠤᠮ ᠤᠤ ᠪᠣᠯᠵᠣᠭᠠᠨ ᠳ᠋ᠤ᠌ ᠶᠠᠪᠤᠬᠤ ᠯᠠ ᠪᠠᠢᠳᠠᠯ ᠲᠠᠢ᠃ ᠲᠡᠭᠡᠭᠡᠳ ᠠᠯᠢ ᠰᠣᠷᠭᠣᠭ ᠭᠡᠮᠡᠷ ᠬᠤᠪᠴᠠᠰᠤ ᠪᠠᠨ ᠰᠣᠯᠢᠭᠠᠳ᠂ ᠥᠨᠳᠥᠷ ᠲᠠᠬ᠎ᠠ ᠲᠠᠢ ᠠᠷᠠᠰᠤᠨ ᠱᠠᠬᠠᠢ ᠪᠠᠨ ᠨᠢᠭᠤᠷ ᠦᠵᠡᠭᠳᠡᠮ᠎ᠡ ᠭᠥᠯᠢᠢᠯᠭᠡᠭᠡᠳ ᠬᠥᠩᠭᠡᠨ ᠱᠥᠩᠭᠡᠨ ᠠᠯᠬᠤᠯᠠᠨ ᠭᠠᠷᠴᠤ ᠶᠠᠪᠤᠳᠠᠭ᠃ 
       — ᠵᠠᠷᠢᠮ ᠳᠤ ᠪᠠᠨ ᠶᠠᠪᠤᠭᠰᠠᠨ ᠳᠠᠷᠤᠢ ᠳᠡᠮᠡᠢ ᠤᠳᠠᠬᠤ ᠦᠭᠡᠢ ᠬᠠᠷᠢᠵᠤ ᠢᠷᠡᠳᠡᠭ᠃  
       — ᠵᠠᠷᠢᠮ ᠳᠤ ᠪᠠᠨ ᠬᠠᠷᠢᠨ ᠰᠥᠨᠢ ᠳᠤᠮᠳᠠ ᠬᠦᠷᠬᠦ ᠶᠦᠮ ᠤᠤ᠂ ᠦᠦᠷ ᠴᠠᠢᠬᠤ ᠳ᠋ᠤ᠌ ᠰᠠᠶᠢ ᠬᠠᠷᠢᠵᠤ ᠢᠷᠡᠳᠡᠭ ᠪᠠᠢᠭᠰᠠᠨ᠃ 
       — ᠲᠡᠭᠡᠭᠡᠳ ᠵᠠᠷᠢᠮ ᠳᠤ ᠪᠠᠨ ᠪᠠᠰᠠ ᠠᠷᠢᠬᠢ ᠦᠨᠦᠷᠲᠦᠭᠦᠯᠴᠢᠬᠡᠭᠰᠡᠨ ᠪᠠᠢᠳᠠᠭ᠃  
       — ᠦᠵᠡᠰᠬᠦᠯᠡᠩ ᠡᠳᠦᠢ ᠨᠠᠰᠤᠯᠠᠲᠠᠯ᠎ᠠ ᠪᠠᠨ ᠠᠷᠢᠬᠢ ᠳᠠᠷᠠᠰᠤ ᠶᠡᠷᠦ ᠬᠠᠯᠠᠭᠠᠳᠠᠭ ᠦᠭᠡᠢ ᠪᠢᠯᠡ᠃  
       — ᠢᠩᠭᠢᠭᠡᠳ ᠲᠡᠭᠦᠨ ᠦ᠌ ᠭᠡᠨᠡᠳᠲᠡ ᠠᠷᠢᠬᠢᠨ ᠳ᠋ᠤ᠌ ᠣᠷᠣᠴᠢᠬᠠᠬᠤ ᠶ᠋ᠢ ᠨᠢ ᠦᠨᠡᠬᠡᠷ ᠭᠠᠢᠬᠠᠵᠤ ᠪᠠᠢᠯ᠎ᠠ᠃  
       — ᠡᠨᠡᠬᠡᠨ ᠤᠴᠢᠷ ᠳᠡᠭᠡᠷ᠎ᠡ ᠡᠬᠡᠨᠡᠷ ᠢ᠋ᠶ᠋ᠡᠨ ᠮᠥᠷᠳᠡᠨ ᠰᠥᠨᠢ ᠦᠳᠡᠰᠢ ᠠᠢᠯ ᠲᠣᠭᠣᠷᠢᠵᠤ ᠠᠮᠠ ᠬᠡᠯᠡ ᠪᠣᠯᠵᠤ ᠶᠠᠪᠤᠬᠤ ᠤᠯᠠᠭᠠᠨ ᠨᠢᠭᠤᠷ ᠨᠠᠳᠠ ᠠᠷᠠᠢ ᠦᠭᠡᠢ ᠪᠠᠢᠪᠠ᠃  
       — ᠰᠣᠨᠢᠨ ᠨᠢ ᠦᠵᠡᠰᠬᠦᠯᠡᠩ ᠬᠠᠷᠢᠵᠤ ᠢᠷᠡᠬᠦ ᠪᠣᠯᠭᠠᠨ ᠳᠤ ᠪᠠᠨ ᠴᠣᠬᠣᠮ ᠠᠷᠢᠬᠢᠨ ᠳ᠋ᠤ᠌ ᠬᠠᠯᠠᠮᠰᠠᠭᠰᠠᠨ ᠠ᠋ᠴᠠ ᠶᠤᠮ ᠤᠤ? ᠡᠰᠡᠬᠦᠯ᠎ᠡ ᠳᠣᠲᠣᠭᠠᠳᠤ ᠰᠡᠳᠬᠢᠯᠭᠡ ᠨᠢ ᠬᠠᠨᠤᠮᠵᠢ ᠲᠠᠢ ᠪᠠᠢᠭᠰᠠᠨ ᠠ᠋ᠴᠠ ᠶᠤᠮ ᠤᠤ? ᠪᠤᠤ ᠮᠡᠳᠡ᠂ ᠴᠢᠷᠠᠢ ᠳᠡᠭᠡᠷ᠎ᠡ ᠨᠢ ᠦᠶ᠎ᠡ ᠦᠶ᠎ᠡ ᠨᠢᠭᠡ ᠵᠦᠢᠯ ᠦ᠋ᠨ ᠰᠡᠳᠬᠢᠯ ᠬᠠᠨᠤᠭᠰᠠᠨ ᠪᠠᠶᠠᠷᠲᠠᠢ ᠪᠠᠢᠳᠠᠯ ᠢᠯᠡᠷᠡᠨ᠂ ᠵᠠᠷᠢᠮ ᠳᠤ ᠪᠠᠨ ᠪᠦᠷ ᠢᠰᠬᠡᠷᠦᠨ ᠳᠠᠭᠤᠯᠠᠮᠠᠷ ᠪᠣᠯᠵᠤ᠂ ᠣᠢᠯᠣᠨ ᠴᠠᠯᠭᠢᠯᠠᠭᠰᠠᠨ ᠰᠡᠳᠬᠢᠯ ᠦ᠋ᠨ ᠳᠣᠭᠳᠣᠯᠤᠯ ᠢ᠋ᠶ᠋ᠠᠨ ᠳᠠᠷᠤᠵᠤ ᠳᠡᠢᠯᠬᠦ ᠦᠭᠡᠢ ᠪᠠᠢᠬᠤ ᠮᠡᠲᠦ ᠪᠣᠯᠳᠠᠭ᠃  
       — ᠡᠨᠡ ᠨᠢᠭᠡ ᠬᠤᠭᠤᠴᠠᠭᠠᠨ ᠳ᠋ᠤ᠌ ᠲᠡᠷᠡ ᠨᠠᠳᠠ ᠲᠠᠢ ᠦᠭᠡ ᠰᠢᠯᠦᠭ ᠴᠥᠭᠡᠷᠡᠭᠰᠡᠨ ᠡᠴᠡ ᠡᠨᠡ ᠭᠡᠷ ᠡᠯᠦᠢ ᠬᠤᠯᠤᠢ ᠪᠣᠯᠵᠤ᠂ ᠪᠢᠳᠡ ᠬᠣᠶᠠᠭᠤᠯᠠ ᠶ᠋ᠢᠨ ᠬᠠᠢᠷ᠎ᠠ ᠰᠡᠳᠬᠢᠯᠭᠡ ᠶᠡᠬᠡ ᠯᠡ ᠬᠣᠯᠠᠳᠤᠭᠰᠠᠨ ᠰᠢᠨᠵᠢ ᠲᠡᠢ ᠪᠣᠯᠪᠠ᠃  
       — ᠦᠵᠡᠰᠬᠦᠯᠡᠩ ᠦ᠋ᠨ ᠪᠣᠳᠣᠯ ᠰᠡᠳᠬᠢᠯ ᠢ᠋ ᠲᠠᠢᠯᠪᠤᠷᠢᠯᠠᠬᠤᠶ᠎ᠠ ᠪᠡᠷᠬᠡ᠃ ᠲᠡᠭᠦᠨ ᠦ᠌ ᠢᠳᠡᠵᠦ ᠤᠤᠭᠤᠬᠤ ᠨᠢ ᠢᠯᠡᠷᠬᠡᠢ ᠪᠠᠭᠤᠷᠠᠭᠰᠠᠨ᠂ ᠵᠠᠷᠢᠮ ᠳᠤ ᠪᠠᠨ ᠬᠣᠭᠣᠯᠠ ᠢᠳᠡᠵᠦ ᠪᠠᠢᠭᠠᠳ ᠭᠦᠨ ᠪᠣᠳᠣᠯ ᠳ᠋ᠤ᠌ ᠠᠪᠲᠠᠨ ᠮᠡᠯᠡᠷᠡᠭᠡᠳ ᠰᠠᠭᠤᠴᠢᠬᠠᠳᠠᠭ᠃  
       — ᠢᠩᠭᠢᠵᠦ ᠮᠡᠯᠡᠷᠡᠵᠦ ᠪᠠᠢᠭᠰᠠᠨ ᠢ᠋ᠶ᠋ᠠᠨ ᠨᠢᠳᠦᠨ ᠡᠴᠡ ᠨᠢ ᠬᠣᠷᠣᠰᠤᠯ ᠤ᠋ᠨ ᠣᠴᠢ ᠭᠢᠯᠠᠯᠵᠠᠵᠤ᠂ ᠠᠷᠠᠭ᠎ᠠ ᠪᠠᠨ ᠬᠦᠴᠦᠲᠡᠢ ᠬᠠᠪᠢᠷᠤᠭᠠᠳ ᠠᠪᠬᠤ ᠨᠢ ᠰᠣᠨᠣᠰᠳᠠᠳᠠᠭ᠃  ᠦᠵᠡᠰᠬᠦᠯᠡᠩ ᠭᠡᠭᠴᠢ ᠳᠣᠲᠣᠭᠠᠳᠤ ᠰᠡᠳᠬᠢᠯᠭᠡ ᠪᠡᠨ ᠠᠮᠠᠷᠬᠠᠨ ᠢᠯᠡᠷᠡᠭᠦᠯᠳᠡᠭ ᠦᠭᠡᠢ ᠬᠡᠴᠡᠭᠦᠦ ᠡᠮᠡᠭᠲᠡᠢ ᠪᠢᠯᠡ᠃ 
       — ᠭᠡᠲᠡᠯ᠎ᠡ ᠢᠩᠭᠢᠵᠦ ᠬᠤᠪᠢᠷᠠᠬᠤ ᠳ᠋ᠤᠨᠢ ᠠᠷᠪᠠᠨ ᠬᠡᠳᠦᠨ ᠵᠢᠯ ᠦ᠋ᠨ ᠣᠷᠣ ᠳᠡᠯᠭᠡᠰᠢᠨ ᠦ᠌ ᠬᠠᠨᠢ ᠨᠢ ᠪᠣᠯᠤᠨᠰᠠᠨ ᠪᠢ ᠴᠤ᠌ ᠣᠢᠯᠠᠭᠠᠬᠤ ᠦᠭᠡᠢ ᠪᠣᠯᠵᠤ ᠡᠯᠳᠡᠪ ᠰᠡᠵᠢᠭᠯᠡᠯ ᠡᠭᠦᠰᠪᠡ᠃  
       — ᠠᠲᠠᠭ᠎ᠠ ᠰᠡᠵᠢᠭ ᠠᠬᠠᠳᠠᠬᠤ ᠳᠤ ᠪᠠᠨ ᠪᠢ ᠬᠡᠳᠦ ᠤᠳᠠᠭ᠎ᠠ ᠡᠷᠭᠢᠭᠦᠯᠵᠦ ᠲᠣᠭᠣᠷᠢᠭᠤᠯᠵᠤ ᠠᠰᠠᠭᠤᠵᠤ ᠲᠤᠷᠰᠢᠭᠰᠠᠨ ᠴᠤ᠌ ᠲᠤᠲᠤᠷᠬᠠᠢᠯᠠᠵᠤ ᠴᠢᠳᠠᠭᠰᠠᠨ ᠦᠭᠡᠢ ᠭᠡᠳ ᠪᠠᠬᠠᠨ ᠵᠣᠭᠬᠢᠵᠤ ᠲᠦᠪᠰᠢᠨ ᠢ᠋ ᠬᠠᠷᠠᠭᠰᠠᠨ ᠢ᠋ᠶ᠋ᠠᠨ ᠦᠭᠡ ᠪᠡᠨ ᠦᠷᠭᠦᠯᠵᠢᠯᠡᠭᠦᠯᠵᠦ᠄
       — ᠭᠡᠲᠡᠯ᠎ᠡ ᠡᠷ᠎ᠡ ᠬᠥᠮᠦᠨ ᠦ᠌ ᠡᠮᠨᠢᠭ ᠠᠲᠠᠭ᠎ᠠ ᠬᠢᠯᠪᠠᠷ ᠲᠤ᠌ ᠠᠷᠢᠯᠳᠠᠭ ᠦᠭᠡᠢ ᠠᠵᠢ᠃  
       — ᠡᠭᠦᠨ ᠢ᠋ᠶ᠋ᠡᠨ ᠦᠭᠡᠢᠰᠭᠡᠬᠦ ᠭᠡᠪᠡᠯ ᠥᠪᠡᠷ ᠢ᠋ᠶ᠋ᠡᠨ ᠦᠵᠡᠵᠦ ᠲᠣᠳᠤᠷᠬᠠᠢᠯᠠᠬᠤ ᠠ᠋ᠴᠠ ᠨᠠᠭᠠᠰᠢ ᠵᠣᠭᠰᠣᠬᠤ ᠶᠠᠭᠤᠮ᠎ᠠ ᠪᠢᠰᠢ ᠪᠠᠢᠵᠠᠢ᠃
       — ᠲᠡᠭᠡᠭᠡᠳ ᠪᠢ ᠨᠢᠭᠡ ᠡᠳᠦᠷ ᠦ᠋ᠨ ᠬᠠᠷ᠎ᠠ ᠪᠦᠷᠦᠢ ᠶ᠋ᠢᠨ ᠦᠶᠡᠰ ᠢ᠋ᠶ᠋ᠡᠷ ᠡᠬᠡᠨᠡᠷ ᠢ᠋ᠶ᠋ᠡᠨ ᠰᠡᠮᠡᠬᠡᠷ ᠭᠡᠲᠡᠨ ᠮᠥᠷᠲᠡᠯ᠎ᠡ᠃ 
       — ᠦᠵᠡᠰᠬᠦᠯᠡᠩ ᠲᠡᠷᠡ ᠬᠡᠳᠦᠨ ᠡᠳᠦᠷ ᠶᠠᠭ Xᠰᠠᠴᠤᠷᠠᠭ ᠤ᠋ᠨ ᠭᠡᠷ ᠲᠤ ᠪᠠᠨ ᠠᠪ ᠰᠠ‍ᠪ ᠦᠭᠡᠢ ᠶᠠᠭᠠᠷᠠᠵᠤ ᠪᠠᠢᠪᠠ᠃  
       — ᠡᠨᠡ ᠦᠳᠡᠰᠢ ᠠᠵᠢᠯ ᠪᠠᠭᠤᠬᠤ ᠪᠣᠯᠬᠤ ᠳ᠋ᠤ᠌ ᠲᠡᠷᠡ ᠠᠯᠪᠠᠨ ᠭᠡᠷ ᠡᠴᠡ ᠪᠡᠨ ᠭᠠᠷᠴᠤ ᠢᠷᠡᠬᠦ ᠨᠢ ᠴᠤ᠌ ᠬᠠᠷᠠᠭᠳᠠᠭᠰᠠᠨ ᠦᠭᠡᠢ᠃ 
       — ᠪᠢ ᠰᠠᠮ ᠰᠠᠮ ᠠᠯᠬᠤᠭᠰᠠᠭᠠᠷ ᠮᠠᠰᠢᠨ ᠤ᠋ ᠭᠡᠷ ᠲᠦ᠍ ᠣᠷᠣᠪᠠᠯ ᠥᠷᠥᠭᠡ ᠭᠡᠷ ᠢ᠋ ᠴᠠᠭᠠᠨ᠎ᠠ ᠠ᠋ᠴᠠ ᠨᠢ ᠣᠨᠢᠰᠤᠯᠠᠨ ᠳᠠᠷᠤᠬᠤ ᠳᠠᠭᠤ ᠲᠣᠳᠣᠬᠠᠨ ᠰᠣᠨᠣᠰᠳᠠᠪᠠ᠃  
       — ᠪᠢ ᠡᠭᠦᠳᠡᠨ ᠦ᠌ ᠬᠢᠨᠢ ᠳᠡᠷᠭᠡᠳᠡ ᠴᠢᠮᠡᠭᠡ ᠢᠮᠡᠭᠡ ᠦᠭᠡᠢ ᠬᠦᠷᠦᠭᠡᠳ ᠳᠣᠲᠣᠭᠰᠢ ᠬᠠᠷᠠᠬᠤᠯ᠎ᠠ᠂ ᠦᠵᠡᠰᠬᠦᠯᠡᠩ ᠹᠥᠷᠱ ᠲᠡᠢ ᠰᠠᠨᠳᠠᠯᠢ ᠳᠡᠭᠡᠷ᠎ᠡ ᠪᠡᠨ ᠠᠯᠵᠢᠶᠠᠭᠰᠠᠨ ᠪᠠᠢᠳᠠᠯ ᠲᠠᠢ ᠰᠠᠭᠤᠵᠤ ᠪᠠᠢᠬᠤ ᠨᠢ ᠬᠠᠷᠠᠭᠳᠠᠯ᠎ᠠ᠃ 
       — ᠲᠡᠷᠡ ᠢᠩᠭᠢᠵᠦ ᠪᠠᠬᠠᠨ ᠰᠠᠭᠤᠭᠰᠠᠨ ᠢ᠋ᠶ᠋ᠠᠨ ᠰᠢᠷᠡᠭᠡᠨ ᠰᠢᠷᠭᠤᠭᠤᠯ ᠠ᠋ᠴᠠ ᠪᠠᠨ ᠬᠡᠳᠦᠨ ᠵᠦᠢᠯ ᠦ᠋ᠨ ᠭᠤᠸᠠᠨᠲ᠋ᠧᠤ ᠭᠠᠷᠭᠠᠵᠤ᠂ ᠶᠡᠬᠡ ᠯᠡ ᠬᠦᠴᠦ ᠭᠠᠷᠭᠠᠨ ᠨᠡᠭᠡᠭᠡᠭᠡᠳ ᠡᠮᠦᠨ᠎ᠡ ᠪᠡᠨ ᠥᠷᠥᠴᠢᠬᠡᠯ᠎ᠡ᠃  
       — ᠡᠷᠭᠢᠭᠡᠳ ᠨᠢᠭᠡ ᠯᠣᠩᠬᠣ ᠬᠠᠷ᠎ᠠ ᠠᠷᠢᠬᠢ ᠭᠠᠷᠭᠠᠭᠠᠳ ᠠᠯᠭᠤᠷᠬᠠᠨ ᠢᠳᠡᠵᠦ ᠤᠤᠭᠤᠵᠤ ᠡᠬᠢᠯᠡᠪᠡ᠃  
       — ᠪᠢ ᠦᠨᠡᠬᠡᠷ ᠶᠠᠭᠠᠬᠢᠬᠤ ᠶ᠋ᠢᠨ ᠠᠷᠭ᠎ᠠ ᠦᠭᠡᠢ ᠭᠠᠢᠬᠠᠰᠢ ᠠᠯᠳᠠᠯ᠎ᠠ᠃  
       — ᠡᠨᠡ ᠬᠡᠳᠦᠨ ᠵᠢᠯ ᠦ᠋ᠨ ᠲᠤᠷᠰᠢᠬᠢ ᠪᠢᠳᠡᠨ ᠦ᠌ ᠬᠠᠢᠷ᠎ᠠ ᠰᠡᠳᠬᠢᠯᠭᠡ ᠲᠡᠢᠮᠦ ᠢᠨᠠᠭ ᠳᠣᠲᠣᠨᠣ ᠪᠢᠰᠢ ᠨᠢ ᠦᠨᠡᠨ ᠪᠣᠯᠪᠠᠴᠤ ᠶᠠᠭ ᠲᠡᠭᠡᠵᠦ ᠬᠠᠭᠠᠴᠠᠵᠤ ᠵᠠᠳᠠᠷᠠᠭᠰᠠᠨ ᠪᠢᠰᠢ ᠰᠢᠦ ᠳᠡ᠃  
       — ᠢᠯᠠᠩᠭᠤᠶ᠎ᠠ ᠢᠳᠡᠵᠦ ᠤᠤᠭᠤᠬᠤ ᠶ᠋ᠢᠨ ᠬᠣᠪᠢᠨ ᠳ᠋ᠤ᠌ ᠠᠮᠲᠠ ᠲᠠᠢ ᠰᠢᠮᠳᠠ ᠲᠠᠢ ᠴᠤ᠌ ᠪᠣᠯᠤᠭ᠂ ᠦᠭᠡᠢ ᠴᠤ᠌ ᠪᠣᠯᠤᠭ ᠬᠡᠵᠢᠶᠡᠳᠡ ᠴᠣᠭ ᠲᠤ ᠪᠠᠨ ᠢᠳᠡᠳᠡᠭ ᠪᠠᠢᠵᠤ᠂ ᠬᠤᠪᠢ ᠬᠣᠪᠢᠨ ᠳᠤ ᠪᠠᠨ ᠬᠣᠳᠣᠭᠣᠳᠣ ᠳᠦᠭᠦᠷᠭᠡᠬᠦ ᠤᠳᠠᠭ᠎ᠠ ᠭᠠᠷᠤᠭ᠎ᠠ ᠦᠭᠡᠢ ᠪᠢᠯᠡ᠃  
       — ᠲᠡᠭᠡᠭᠡᠳ ᠣᠳᠣ ᠯᠠ ᠢᠩᠭᠢᠵᠦ ᠬᠤᠪᠢᠷᠠᠵᠤ ᠵᠠᠳᠠᠷᠠᠬᠤ ᠶᠤᠮ ᠪᠠᠢᠨ᠎ᠠ ᠰᠢᠦ ᠭᠡᠵᠦ ᠪᠢ ᠪᠣᠳᠣᠭᠠᠳ ᠲᠡᠭᠦᠨ ᠦ᠌ ᠲᠠᠬᠢᠵᠤ ᠶᠠᠭᠠᠬᠢᠬᠤ ᠶ᠋ᠢ ᠨᠢ ᠦᠷᠭᠦᠯᠵᠢᠯᠡᠨ ᠠᠵᠢᠭᠯᠠᠯ᠎ᠠ ᠭᠡᠳ ᠪᠣᠯᠤᠷᠴᠠᠭᠠᠨ ᠦᠭᠡ ᠪᠡᠨ ᠲᠠᠰᠤᠯᠤᠭᠠᠳ ᠤᠷᠤᠭᠤᠯ ᠢ᠋ᠶ᠋ᠠᠨ ᠳᠣᠯᠢᠶᠠᠨ᠂ ᠬᠣᠭᠣᠯᠠᠢ ᠪᠠᠨ ᠪᠠᠢᠨ ᠪᠠᠢᠨ ᠵᠠᠰᠠᠬᠤ ᠨᠢ ᠠᠮᠠ ᠨᠢ ᠬᠠᠲᠠᠭᠰᠠᠨ ᠤ᠋ ᠬᠢ ᠪᠠᠢᠬ᠎ᠠ᠃ 
       ᠡᠨᠡ ᠬᠦ᠌ ᠪᠠᠢᠳᠠᠯ ᠢ᠋ ᠦᠵᠡᠭᠡᠳ ᠲᠦᠪᠰᠢᠨ ᠭᠤᠸᠠᠢ ᠳᠡᠷᠭᠡᠳᠡᠬᠢ ᠴᠠᠭᠳᠠᠭ᠎ᠠ ᠪᠠᠷ ᠢ᠋ᠶ᠋ᠠᠨ ᠲᠡᠭᠦᠨ ᠳ᠋ᠦ᠍ ᠨᠢᠭᠡ ᠴᠣᠮᠣ ᠤᠰᠤ ᠬᠢᠯᠭᠡᠵᠦ ᠥᠭᠪᠡ᠃ ᠪᠣᠯᠤᠷᠴᠠᠭᠠᠨ ᠴᠣᠮᠣ ᠲᠠᠢ ᠤᠰᠤ ᠶ᠋ᠢ ᠲᠣᠰᠴᠤ ᠠᠪᠤᠮᠠᠭᠴᠠ ᠬᠡᠳᠦ ᠣᠭᠣᠴᠢᠵᠤ ᠪᠠᠷᠠᠭᠤᠨ ᠵᠠᠯᠭᠠᠭᠠᠳ ᠶᠠᠷᠢᠯ᠎ᠠ᠄ 
       — ᠦᠵᠡᠰᠬᠦᠯᠡᠩ ᠵᠥᠭᠡᠯᠡᠨ ᠰᠠᠨᠳᠠᠯᠢ ᠳᠡᠭᠡᠷ᠎ᠡ ᠪᠡᠨ ᠯᠠᠪᠳᠠᠭᠤᠬᠠᠨ ᠭᠡᠭᠴᠢ ᠭᠡᠳᠡᠢᠨ ᠰᠠᠭᠤᠭᠠᠳ᠂ ᠬᠤᠨᠳᠠᠭ᠎ᠠ ᠲᠠᠢ ᠠᠷᠢᠬᠢᠨ ᠠ᠋ᠴᠠ ᠪᠠᠨ ᠰᠢᠮᠡᠨ ᠨᠣᠭᠣᠭ᠎ᠠ ᠵᠠᠭᠤᠰᠢᠯᠠᠬᠤ ᠶ᠋ᠢᠨ ᠳᠠᠭᠠᠤ ᠪᠠᠢᠨ ᠪᠠᠢᠨ ᠪᠠᠭᠤᠤ ᠪᠠᠨ ᠡᠷᠭᠦᠨ ᠴᠠᠭ ᠢ᠋ᠶ᠋ᠠᠨ ᠦᠵᠡᠬᠦ ᠨᠢ ᠶᠠᠮᠠᠷ ᠨᠢᠭᠡ ᠬᠥᠮᠦᠨ ᠢ᠋ ᠬᠦᠯᠢᠶᠡᠵᠦ ᠪᠠᠢᠬᠤ ᠮᠠᠶᠢᠬᠲᠠᠢ ᠪᠠᠢᠯ᠎ᠠ᠃  
       — ᠦᠵᠡᠰᠬᠦᠯᠡᠩ ᠶᠡᠬᠡ ᠮᠠᠰᠢᠨ ᠲᠣᠨᠣᠭᠯᠠᠯ ᠤ᠋ᠨ ᠥᠷᠥᠭᠡ ᠭᠡᠷ ᠲᠦ᠍ ᠪᠠᠢᠭᠰᠠᠨ ᠲᠤᠯᠠ ᠪᠢ ᠭᠠᠳᠠᠨ᠎ᠠ ᠭᠡᠷ ᠲᠦ᠋ᠨᠢ ᠨᠢᠭᠤᠭᠳᠠᠭᠠᠳ ᠠᠵᠢᠭᠯᠠᠵᠤ ᠠᠩᠬᠠᠷᠤᠨ ᠬᠦᠯᠢᠶᠡᠬᠦ ᠳ᠋ᠦ᠍ ᠶᠡᠬᠡ ᠰᠠᠢᠨ ᠨᠥᠬᠥᠴᠡᠯ ᠲᠡᠢ ᠪᠠᠢᠯ᠎ᠠ᠃ ᠪᠠᠷᠤᠭ ᠯᠠ ᠰᠥᠨᠢ ᠶ᠋ᠢᠨ ᠠᠷᠪᠠᠨ ᠴᠠᠭ ᠭᠠᠷᠤᠢ ᠶ᠋ᠢᠨ ᠦᠶ᠎ᠡ ᠳ᠋ᠦ᠍᠂ ᠦᠵᠡᠰᠬᠦᠯᠡᠩ ᠪᠣᠰᠴᠤ ᠢᠷᠡᠭᠡᠳ ᠡᠭᠦᠳᠡ ᠴᠣᠩᠬᠣᠨ ᠤ᠋ ᠪᠠᠨ ᠪᠦᠷᠬᠦᠭᠦᠯ ᠢ᠋ ᠪᠦᠭᠦᠳᠡ ᠶ᠋ᠢ ᠲᠠᠲᠠᠵᠤ ᠪᠢᠲᠡᠭᠦᠯᠡᠭᠡᠳ ᠳ᠋ᠢᠶᠠᠩᠬᠤᠸᠠ ᠶ᠋ᠢᠨ ᠨᠣᠮᠧᠷ ᠡᠷᠭᠢᠯᠳᠦᠭᠦᠯᠬᠦ ᠨᠢ ᠰᠣᠨᠣᠰᠲᠠᠯ᠎ᠠ᠃  
       — ᠲᠡᠷᠡ ᠳᠣᠣᠷ᠎ᠠ ᠨᠢ ᠬᠠᠷᠢᠯᠴᠠᠬᠤ ᠬᠥᠮᠦᠨ ᠨᠢ ᠲᠤᠰᠤᠭᠰᠠᠨ ᠪᠣᠯᠤᠯᠲᠠᠢ᠃  
       — ᠦᠵᠡᠰᠬᠦᠯᠡᠩ ᠬᠢᠳ ᠬᠢᠳ ᠢᠨᠢᠶᠡᠨ《ᠪᠢ ᠨᠣᠶᠠᠨ ᠲᠠᠨ ᠢ᠋ ᠬᠡᠳᠦᠨ ᠰᠥᠨᠢ ᠬᠦᠯᠢᠶᠡᠯ᠎ᠡ᠃ ᠪᠠᠷᠤᠭ ᠮᠢᠨᠦ ᠳᠠᠭᠤ ᠶ᠋ᠢ ᠲᠠᠨᠢᠭᠰᠠᠨ ᠪᠢᠵᠡ ᠳᠡ᠃  ᠨᠠᠮ᠎ᠠ ᠶᠢ ᠳ᠋ᠢᠶᠠᠩᠬᠤᠸᠠ ᠣᠴᠢᠭᠤᠯᠬᠤ ᠭᠡᠵᠦ ᠪᠣᠳᠣᠵᠤ ᠣᠯᠤᠭᠰᠠᠨ ᠦᠭᠡᠢ ᠤᠤ᠃ ᠡᠢᠮᠦ ᠣᠷᠣᠢ ᠴᠢᠮ᠎ᠠ ᠲᠠᠢ ᠬᠠᠷᠢᠯᠴᠠᠵᠤ ᠪᠠᠢᠭ᠎ᠠ ᠨᠢ ᠥᠭᠡᠷ᠎ᠡ ᠤᠴᠢᠷ ᠪᠢᠰᠢ᠂ ᠳᠠᠷᠤᠢ ᠴᠢᠨᠦ ᠳᠠᠬᠢᠨ ᠳᠠᠬᠢᠨ ᠬᠦᠰᠡᠮᠵᠢᠯᠡᠨ ᠠᠰᠠᠭᠤᠵᠤ ᠪᠠᠢᠭᠰᠠᠨ ᠲᠡᠷᠡ ᠨᠢᠭᠤᠴᠠ ᠵᠦᠢᠯ ᠢ᠋ ᠯᠡ ᠁ ᠬᠢ᠂ ᠬᠢ ᠁ ᠡᠭᠦᠨ ᠦ᠌ ᠲᠥᠯᠥᠭᠡ ᠬᠡᠳᠦᠨ ᠰᠥᠨᠢ ᠠᠷᠭ᠎ᠠ ᠪᠠᠨ ᠪᠠᠷᠠᠲᠠᠯ᠎ᠠ ᠬᠦᠯᠢᠶᠡᠯ᠎ᠡ᠃ ᠨᠢᠭᠡ ᠡᠮᠡᠭᠲᠡᠢ ᠬᠥᠮᠦᠨ ᠦ᠌ ᠢᠩᠭᠢᠵᠦ ᠴᠢᠷᠮᠠᠢᠭᠰᠠᠨ ᠢ᠋ ᠪᠣᠳᠣᠪᠠᠯ ᠡᠷᠬᠢᠮ ᠨᠣᠶᠠᠨ ᠲᠠ ᠨᠠᠨᠳᠢᠨ ᠴᠠᠭ ᠢ᠋ᠶ᠋ᠠᠨ ᠰᠦᠢᠳᠬᠡᠵᠦ ᠪᠠᠢᠭᠠᠳ ᠮᠢᠨᠦ ᠳᠡᠷᠭᠡᠳᠡ ᠨᠢᠭᠡ ᠢᠷᠡᠭᠡᠴᠢ ᠳᠡ᠃ ᠪᠢ ᠯᠡ ᠭᠡᠵᠦ ᠢᠩᠭᠢᠵᠦ ᠰᠠᠨᠠᠭᠠᠨ ᠠ᠋ᠴᠠ ᠪᠠᠨ ᠬᠦᠯᠢᠶᠡᠬᠦ ᠪᠠᠢᠬᠤ᠃ ᠠ᠂ ᠶᠠᠭᠤ? ᠦ᠂ ᠪᠢ ᠶᠠᠮᠠᠷ ᠯᠠ ᠭᠠᠵᠠᠷ ᠣᠯᠬᠤ ᠪᠣᠢ ᠳᠠ᠃ Xᠰᠠᠴᠤᠷᠠᠭ ᠤ᠋ᠨ ᠭᠡᠷ ᠦ᠋ᠨ ᠥᠷᠥᠭᠡ ᠭᠡᠷ ᠯᠡ ᠰᠢᠳᠡ᠃ ᠠᠯᠪᠠᠨ ᠭᠠᠵᠠᠷ ᠪᠣᠯᠪᠠᠴᠤ ᠶᠡᠬᠡ ᠨᠢᠭᠤᠴᠠ ᠮᠥᠷᠲᠡᠭᠡᠨ ᠡᠪᠲᠡᠢ ᠰᠢᠦ᠃ ᠬᠢ᠂ ᠬᠢ ᠁》 ᠭᠡᠵᠦ ᠢᠨᠢᠶᠡᠭᠰᠡᠭᠡᠷ ᠶᠠᠷᠢᠵᠤ ᠪᠠᠢᠪᠠ ᠭᠡᠰᠡᠨ ᠢ᠋ᠶ᠋ᠡᠨ ᠪᠣᠯᠤᠷᠴᠠᠭᠠᠨ ᠦᠭᠡ ᠪᠡᠨ ᠲᠦᠷ ᠲᠠᠰᠤᠯᠵᠤ ᠠᠪᠤᠭᠠᠳ᠄ 
       — ᠪᠢ ᠳᠦᠷᠡᠯᠵᠡᠨ ᠰᠢᠲᠠᠬᠤ ᠠᠲᠠᠭ᠎ᠠ ᠬᠣᠷᠣᠰᠤᠯ ᠢ᠋ᠶ᠋ᠠᠨ ᠠᠷᠠᠢᠬᠠᠨ ᠳᠠᠷᠤᠵᠤ ᠠᠪᠤᠯ᠎ᠠ᠃ ᠁ ᠦᠰᠦᠷᠦᠮᠡᠷ ᠪᠤᠯᠭᠢᠯᠠᠬᠤ ᠵᠢᠷᠦᠬᠡ᠂ ᠰᠠᠯᠭᠠᠨᠠᠨ ᠴᠡᠴᠡᠷᠡᠬᠦ ᠪᠡᠶ᠎ᠡ ᠶᠡᠷᠦ ᠨᠢ ᠮᠢᠨᠦ ᠡᠷᠬᠡ ᠮᠠᠲᠠᠯ ᠳ᠋ᠤ᠌ ᠦᠭᠡᠢ ᠰᠢᠭ ᠰᠠᠨᠠᠭᠳᠠᠨ᠎ᠠ᠃  ᠁ᠠᠷᠪᠠᠨ ᠵᠢᠷᠭᠤᠭᠠᠨ ᠵᠢᠯ ᠦ᠋ᠨ ᠡᠮᠦᠨ᠎ᠡ ᠰᠡᠳᠬᠢᠯ ᠢ᠋ᠶ᠋ᠡᠨ ᠮᠡᠳᠡᠯᠴᠡᠨ ᠤᠷᠤᠭ ᠪᠠᠷᠢᠯᠳᠤᠭᠰᠠᠨ ᠡᠨᠡ ᠡᠬᠡᠨᠡᠷ ᠡᠳᠦᠷ ᠬᠣᠨᠣᠭ ᠤ᠋ᠨ ᠤᠳᠠᠭᠠᠨ ᠳ᠋ᠤ᠌ ᠶᠡᠬᠡ ᠢᠲᠡᠭᠡᠯ ᠵᠢᠷᠤᠮ ᠲᠠᠢ ᠪᠠᠢᠭᠰᠠᠨ ᠶᠤᠮ᠃  ᠁ᠭᠡᠨᠡᠳᠲᠡ ᠢᠩᠭᠢᠵᠦ ᠢᠲᠡᠭᠡᠯ ᠵᠢᠷᠤᠮ ᠠ᠋ᠴᠠ ᠪᠠᠨ ᠲᠡᠷᠰᠯᠡᠵᠦ᠂ ᠰᠥᠨᠢ ᠶ᠋ᠢᠨ ᠭᠦᠨ ᠳ᠋ᠦ᠍ ᠰᠠᠨᠠᠭᠠᠨ ᠤ᠋ ᠮᠤᠬᠤᠷ ᠠ᠋ᠴᠠ ᠪᠠᠨ ᠡᠷ᠎ᠡ ᠬᠦᠢᠰᠦᠲᠡᠨ ᠢ᠋ ᠭᠤᠶᠤᠵᠤ ᠱᠠᠯᠢᠭᠯᠠᠬᠤ ᠭᠡᠵᠦ ᠠᠭᠠᠰᠢᠯᠠᠬᠤ ᠨᠢ ᠮᠢᠨᠦ ᠵᠡᠭᠦᠳᠦᠨ ᠳ᠋ᠦ᠍ ᠴᠤ᠌ ᠣᠷᠣᠮ᠎ᠠ ᠦᠭᠡᠢ ᠶᠠᠪᠤᠳᠠᠯ ᠪᠣᠯᠵᠠᠢ᠃  
       — ᠡᠨᠡᠬᠡᠨ ᠬᠣᠭᠣᠷᠣᠨᠳᠣ ᠢᠷᠡᠬᠦ ᠬᠥᠮᠦᠨ ᠦ᠌ ᠬᠥᠯ ᠦ᠋ᠨ ᠴᠢᠮᠡᠭᠡ ᠡᠭᠦᠳᠡᠨ ᠭᠠᠳᠠᠨ᠎ᠠ ᠣᠢᠷᠠᠬᠠᠨ ᠰᠣᠨᠣᠰᠳᠠᠭᠰᠠᠨ ᠦᠭᠡᠢ ᠪᠣᠯ ᠲᠡᠷᠡ  ᠭᠱᠡᠨ ᠳ᠋ᠤ᠌ ᠪᠢ ᠶᠠᠭᠤ ᠦᠢᠯᠡᠳᠬᠦ ᠡᠴᠡ ᠴᠤ᠌ ᠪᠤᠴᠠᠬᠤ ᠪᠠᠷ ᠦᠭᠡᠢ ᠪᠠᠢᠪᠠ᠃ 
       — ᠭᠡᠲᠡᠯ᠎ᠡ ᠬᠥᠯ ᠦ᠋ᠨ ᠴᠢᠮᠡᠭᠡ ᠰᠣᠨᠣᠰᠳᠠᠬᠤ ᠪᠠᠷ ᠨᠢ ᠤᠤᠬᠠᠢ᠂ ᠴᠢᠮ᠎ᠠ ᠶᠢ ᠳᠠ᠃ ᠬᠣᠶᠠᠭᠤᠯᠠ ᠶ᠋ᠢ ᠨᠢ ᠨᠡᠢᠯᠡᠭᠦᠯᠦᠭᠡᠳ ᠭᠠᠯ ᠴᠣᠭ ᠳᠡᠭᠡᠷ᠎ᠡ ᠨᠢ ᠪᠠᠷᠢᠭᠠᠳ ᠠᠪᠤᠪᠠᠯ ᠬᠠᠮᠢᠭᠠᠰᠢ ᠪᠤᠯᠲᠠᠬᠤ ᠶ᠋ᠢ ᠴᠢᠨᠢ ᠦᠵᠡᠶ᠎ᠡ ᠭᠡᠵᠦ ᠪᠣᠳᠣᠭᠠᠳ ᠪᠢ X ᠰᠠᠴᠤᠷᠠᠭ ᠤ᠋ᠨ ᠮᠠᠰᠢᠨ ᠤ᠋ ᠠᠷᠤ ᠳ᠋ᠤ᠌ ᠰᠡᠮᠡᠬᠡᠷ ᠣᠴᠢᠨ ᠳᠠᠯᠳᠠᠯᠠᠵᠤ ᠵᠠᠪᠳᠤᠪᠠ᠃  
       — ᠢᠩᠭᠢᠲᠡᠯ᠎ᠡ ᠭᠠᠳᠠᠨ᠎ᠠ ᠡᠭᠦᠳᠡ ᠴᠢᠮᠡᠭᠡ ᠢᠮᠡᠭᠡ ᠦᠭᠡᠢ ᠣᠩᠭᠣᠢᠬᠤ ᠳ᠋ᠤ᠌ ᠨᠢᠭᠡ ᠬᠥᠮᠦᠨ ᠨᠡᠲᠦᠰᠬᠢᠨ ᠣᠷᠣᠵᠤ ᠢᠷᠡᠯ᠎ᠡ᠃ 
       — ᠡᠨᠡ ᠭᠡᠷ ᠥᠩᠭᠡᠷᠡᠦ ᠬᠠᠷᠠᠩᠭᠤᠢ ᠳᠡᠭᠡᠷ᠎ᠡ ᠪᠢ ᠶᠡᠬᠡ ᠮᠠᠰᠢᠨ ᠤ᠋ ᠠᠷᠤ ᠳ᠋ᠤ᠌ ᠪᠠᠢᠭᠰᠠᠨ ᠪᠣᠯᠬᠣᠷ ᠣᠷᠣᠵᠤ ᠢᠷᠡᠭᠰᠡᠨ ᠬᠥᠮᠦᠨ ᠢ᠋ ᠴᠣᠬᠣᠮ ᠶᠠᠮᠠᠷ ᠰᠢᠦ ᠲᠥᠷᠬᠦ ᠪᠠᠢᠳᠠᠯ ᠲᠠᠢ ᠭᠡᠳᠡᠭ ᠢ᠋ ᠨᠢ ᠲᠣᠳᠣᠷᠬᠠᠢ ᠦᠵᠡᠵᠦ ᠳᠡᠢᠯᠦᠭᠰᠡᠨ ᠦᠭᠡᠢ᠃  
       — ᠲᠡᠷᠡ ᠬᠥᠮᠦᠨ ᠳᠥᠩᠭᠡᠵᠦ ᠥᠷᠥᠭᠡ ᠭᠡᠷ ᠦ᠋ᠨ ᠡᠭᠦᠳᠡᠨ ᠳᠡᠷᠭᠡᠳᠡ ᠬᠦᠷᠬᠦ ᠲᠡᠢ ᠵᠡᠷᠭᠡ ᠴᠠᠭᠠᠨ᠎ᠠ ᠠ᠋ᠴᠠ ᠨᠢ ᠦᠵᠡᠰᠬᠦᠯᠡᠩ ᠡᠭᠦᠳᠡ ᠪᠡᠨ ᠵᠠᠪᠰᠠᠷᠯᠠᠨ ᠨᠡᠭᠡᠭᠡᠬᠦ ᠲᠡᠢ ᠴᠢᠪ ᠭᠡᠲᠡᠯ᠎ᠡ ᠲᠠᠭᠠᠷᠠᠨ ᠲᠡᠷᠡ ᠬᠥᠮᠦᠨ ᠳᠣᠲᠣᠭᠰᠢ ᠪᠠᠨ ᠶᠠᠭᠠᠷᠠᠨ ᠣᠷᠣᠬᠤ ᠨᠢ ᠬᠠᠷᠠᠭᠳᠠᠪᠠ᠃  
       — ᠡᠭᠦᠳᠡ ᠨᠡᠭᠡᠭᠡᠭᠳᠡᠬᠦ ᠭᠱᠡᠨ ᠳ᠋ᠤ᠌ ᠥᠷᠥᠭᠡ ᠭᠡᠷ ᠡᠴᠡ ᠭᠠᠷᠤᠭᠰᠠᠨ ᠳ᠋ᠧᠩ ᠦ᠋ᠨ ᠭᠡᠷᠡᠯ ᠳ᠋ᠦ᠍᠂ ᠢᠷᠡᠭᠰᠡᠨ ᠬᠥᠮᠦᠨ ᠦ᠌ ᠮᠢᠬᠠᠯᠢᠭ ᠥᠨᠳᠥᠷ ᠪᠡᠶ᠎ᠡ ᠢᠯᠡᠬᠡᠨ ᠬᠠᠷᠠᠭᠳᠠᠭᠠᠳ ᠠᠪᠤᠯ᠎ᠠ᠃  
       — ᠲᠡᠷᠡ ᠬᠥᠮᠦᠨ ᠥᠷᠥᠭᠡ ᠭᠡᠷ ᠲᠦ᠍ ᠲᠤᠩ ᠲᠦᠷᠭᠡᠨ ᠣᠷᠣᠭᠰᠠᠨ ᠠ᠋ᠴᠠ ᠨᠢᠭᠤᠷ ᠴᠢᠷᠠᠢ ᠨᠢ ᠵᠢᠭᠠᠬᠠᠨ ᠴᠤ᠌ ᠦᠵᠡᠭᠳᠡᠭᠰᠡᠨ ᠦᠭᠡᠢ ᠨᠢ ᠬᠠᠷᠠᠮᠰᠠᠮᠠᠷ ᠪᠠᠢᠯ᠎ᠠ᠃ 
       — ᠴᠣᠩᠬᠣ ᠡᠭᠦᠳᠡ ᠵᠠᠪᠰᠠᠷ ᠦᠭᠡᠢ ᠳᠠᠷᠤᠭᠳᠠᠨ ᠪᠦᠷᠬᠦᠭᠦᠯ ᠲᠠᠲᠠᠭᠳᠠᠭᠰᠠᠨ ᠠ᠋ᠴᠠ ᠳᠠᠬᠢᠭᠠᠳ ᠳᠣᠲᠣᠭᠰᠢ ᠱᠠᠭᠠᠢᠭᠰᠠᠨ ᠴᠤ᠌ ᠭᠣᠷᠢ ᠦᠭᠡᠢ ᠪᠣᠯᠤᠯ᠎ᠠ᠃ 
       — ᠬᠠᠷᠢᠨ ᠲᠡᠳᠡᠨ ᠦ᠌ ᠶᠠᠷᠢᠯᠴᠠᠬᠤ ᠳᠠᠭᠤ ᠨᠢ ᠵᠠᠷᠢᠮ ᠳᠤ ᠪᠠᠨ ᠲᠣᠳᠣ᠂ ᠵᠠᠷᠢᠮ ᠳᠤ ᠪᠠᠨ ᠪᠦᠦᠷ ᠲᠦᠦᠷ ᠰᠣᠨᠣᠰᠳᠠᠭᠰᠠᠭᠠᠷ ᠪᠠᠢᠪᠠ᠃ 
       — ᠣᠯᠠᠩᠬᠢ ᠳᠤ ᠪᠠᠨ ᠪᠦᠷ ᠦᠵᠡᠰᠬᠦᠯᠡᠩ ᠦ᠋ᠨ ᠳᠠᠭᠤ ᠳᠤᠭᠤᠯᠳᠠᠵᠤ᠂ ᠦᠭᠡ ᠠᠶᠠᠯᠭᠤ ᠨᠢ ᠶᠠᠭ ᠯᠠ ᠨᠡᠷᠡᠲᠦ ᠲᠣᠭᠯᠠᠭᠴᠢ ᠺᠢᠨᠣ᠋ ᠵᠦᠴᠦᠭᠡ ᠶ᠋ᠢᠨ ᠠᠪᠢᠶ᠎ᠠ ᠲᠠᠭᠠᠷᠠᠭᠤᠯᠵᠤ ᠪᠠᠢᠬᠤ ᠰᠢᠭ᠋᠃  
       — ᠮᠢᠨᠦ ᠴᠡᠭᠡᠵᠢᠯᠡᠵᠦ ᠪᠠᠢᠬᠤ ᠪᠠᠷ ᠲᠡᠳᠡᠨ ᠦ᠌ ᠬᠣᠭᠣᠷᠣᠨᠳᠣ ᠳᠣᠣᠷᠠᠬᠢ ᠮᠡᠲᠦ ᠶ᠋ᠢᠨ ᠶᠠᠷᠢᠶ᠎ᠠ ᠶᠠᠪᠤᠭᠳᠠᠵᠤ ᠪᠢᠯᠡ᠄ 
       — ᠬᠢ ᠂ ᠬᠢ ᠁ ᠥᠨᠳᠥᠷ ᠡᠷᠬᠢᠮ ᠨᠣᠶᠠᠨ ᠮᠡᠬᠦᠰ ᠮᠢᠨᠦ ᠤᠷᠢᠯᠭ᠎ᠠ ᠪᠠᠷ ᠪᠣᠭᠣᠨᠢ ᠰᠠᠷᠠᠪᠴᠢᠨ ᠳ᠋ᠤ᠌ ᠭᠡᠢᠭᠦᠯᠦᠨ ᠢᠷᠡᠭᠰᠡᠨ ᠨᠢ ᠨᠠᠳᠠ ᠦᠨᠡᠬᠡᠷ ᠴᠤ᠌ ᠬᠤᠪᠢ ᠪᠤᠶᠠᠨ ᠲᠠᠢ ᠰᠠᠨᠠᠭᠳᠠᠵᠤ ᠪᠠᠢᠨ᠎ᠠ᠃ ᠰᠠᠭᠤ᠂ ᠰᠠᠭᠤ! ᠶᠠᠮᠠᠷ ᠮᠣᠳᠣᠨ ᠥᠮᠥᠳᠥ ᠡᠮᠦᠰᠴᠢᠬᠡᠭᠰᠡᠨ ᠶᠦᠮ ᠤᠤ?  
       — ᠲᠠ ᠣᠳᠣ ᠥᠨᠥ ᠶᠠᠭᠤᠮ᠎ᠠ ᠪᠠᠨ ᠶᠡᠬᠡ ᠬᠦᠰᠡᠵᠦ ᠪᠠᠢᠬ᠎ᠠ᠃ ᠲᠡᠷᠡᠴᠢᠯᠡᠨ ᠴᠢ ᠲᠡᠷᠡ ᠨᠢᠭᠤᠴᠠ ᠶ᠋ᠢ ᠰᠣᠨᠣᠰᠬᠤ ᠭᠡᠵᠦ ᠬᠦᠯᠢᠶᠡᠭᠡᠳ ᠤᠳᠠᠯ᠎ᠠ ᠪᠢᠵᠡ⁈ ᠪᠢᠲᠡᠭᠡᠢ ᠶᠠᠭᠠᠷᠠ᠃ 
       — ᠪᠢ ᠲᠠᠨ ᠢ᠋ ᠳᠠᠭᠤᠳᠠᠭᠰᠠᠨ ᠶᠤᠮ ᠴᠢᠨᠢ ᠯᠠ‍ᠪ ᠬᠡᠯᠡᠬᠦ ᠶᠦᠮ᠃ 
       — ᠶᠠᠭᠤ ᠴᠤ᠌ ᠭᠡᠰᠡᠨ ᠠᠷᠢᠬᠢ ᠤᠤᠭᠤᠵᠤ ᠨᠣᠭᠣᠭ᠎ᠠ ᠵᠠᠭᠤᠰᠢ ᠠ᠋ᠴᠠ ᠵᠣᠭᠣᠭᠯᠠᠵᠤ ᠪᠠᠢᠭᠠᠳ ᠪᠣᠯ ᠳᠠ᠃ ᠵᠠ᠂ ᠨᠠᠭᠠᠰᠢ ᠪᠠᠨ᠂ ᠬᠡᠳᠦᠨ ᠬᠤᠨᠳᠠᠭ᠎ᠠ ᠬᠥᠨᠲᠡᠷᠴᠢᠬᠡ ᠭᠡᠵᠦ ᠦᠵᠡᠰᠬᠦᠯᠡᠩ ᠢ᠋ ᠦᠭᠡ ᠡᠬᠢᠯᠡᠭᠦᠯᠬᠦ ᠳ᠋ᠦ᠍᠄
       — ᠠᠯᠪᠠ ᠶ᠋ᠢᠨ ᠭᠠᠵᠠᠷ ᠲᠤ᠌ ᠡᠢᠮᠦ ᠰᠥᠨᠢ ᠶ᠋ᠢᠨ ᠭᠦᠨ ᠳ᠋ᠦ᠍ ᠠᠷᠢᠬᠢᠳᠠᠨ᠎ᠠ ᠭᠡᠭᠴᠢ ᠭᠡᠬᠦ ᠨᠢ ᠬᠠᠬᠢᠷ ᠰᠥᠭᠡᠩᠭᠢ ᠰᠢᠭ ᠡᠷᠡᠭᠲᠡᠢ ᠬᠥᠮᠦᠨ ᠦ᠌ ᠬᠣᠭᠣᠯᠠᠢ ᠪᠠᠢᠯ᠎ᠠ᠃ 
       — ᠦ᠂ ᠡᠨᠡ ᠭᠠᠵᠠᠷ ᠲᠤ᠌ ᠠᠰᠠᠭᠤᠳᠠᠯ ᠭᠠᠷᠬᠤ ᠦᠭᠡᠢ᠃ ᠡᠨᠡ ᠭᠡᠷ ᠢ᠋ ᠬᠡᠨ ᠴᠤ᠌ ᠪᠣᠳᠣᠵᠤ ᠣᠯᠬᠤ ᠦᠭᠡᠢ ᠶᠦᠮ ᠰᠢᠦ᠃  ᠁ ᠲᠠ ᠬᠠᠷᠢᠨ ᠮᠢᠨᠦ ᠭᠠᠵᠠᠷ ᠰᠢᠯᠢᠵᠦ ᠣᠯᠤᠭᠰᠠᠨ ᠳ᠋ᠤ᠌ ᠪᠠᠶᠠᠷᠯᠠᠪᠠᠯ ᠵᠣᠬᠢᠮᠠᠷ ᠶᠤᠮ ᠳᠠ᠃  ᠁ ᠶᠠᠷᠢᠶᠠᠨ ᠦᠭᠡᠢ᠂ ᠲᠠ ᠨᠣᠶᠠᠨ ᠶᠤᠮ ᠴᠢᠨᠢ ᠬᠡᠨ ᠲᠠᠨ ᠤ᠋ ᠬᠣᠢᠨ᠎ᠠ ᠠ᠋ᠴᠠ ᠮᠥᠷᠳᠡᠵᠦ ᠮᠥᠰᠬᠢᠵᠦ ᠴᠢᠳᠠᠬᠤ ᠪᠣᠢ? ᠠᠯᠪᠠ ᠬᠤᠷᠠᠯ ᠲᠠᠢ ᠭᠡᠳ ᠯᠡ ᠠᠷᠢᠯᠪᠠᠯ ᠡᠬᠡᠨᠡᠷ ᠴᠢᠨᠢ ᠴᠤ᠌ ᠬᠥᠨᠵᠢᠯᠡ ᠳᠦ ᠪᠡᠨ ᠬᠠᠭᠤᠷᠲᠠᠬᠤ ᠯᠠ ᠪᠠᠢᠯ ᠦᠭᠡᠢ᠃ 
       — ᠶᠠᠭᠤᠨ ᠳᠤ ᠪᠠᠨ ᠵᠢᠷᠦᠬᠡᠰᠢᠶᠡᠬᠦ ᠪᠣᠢ? ᠠᠢᠯ ᠤ᠋ᠨ ᠡᠬᠡᠨᠡᠷ ᠪᠣᠯᠤᠭᠰᠠᠨ ᠪᠢ ᠯᠡ ᠪᠠᠭᠠᠪᠠᠭᠠᠢ ᠶ᠋ᠢᠨ ᠰᠥᠰᠥ ᠢᠳᠡᠭᠰᠡᠨ ᠰᠢᠭ ᠵᠣᠷᠢᠭᠯᠠᠭᠠᠳ ᠡᠨᠳᠡ ᠢᠷᠡᠭᠰᠡᠨ ᠰᠢᠦ᠃ 
       — ᠵᠠ ᠪᠣᠯᠵᠠᠢ᠃  
       — ᠴᠢᠮ᠎ᠠ ᠲᠠᠢ ᠪᠠᠰᠠ ᠨᠢᠭᠡ ᠬᠤᠨᠳᠠᠭ᠎ᠠ ᠲᠤᠯᠭᠠᠶ᠎ᠠ᠃ ᠨᠠᠭᠠᠰᠢ ᠢᠷ᠎ᠡ ᠁ ᠲᠤᠯᠭᠠᠶ᠎ᠠ ᠭᠡᠵᠦ ᠬᠡᠯᠡᠬᠦ ᠳ᠋ᠦ᠍ ᠦᠵᠡᠰᠬᠦᠯᠡᠩ ᠦ᠋ᠨ ᠬᠡᠯᠡ ᠨᠢ ᠴᠣᠯᠴᠢᠷᠠᠵᠤ ᠪᠠᠢᠯ᠎ᠠ᠃  
       ᠨᠥᠭᠦᠭᠡ ᠬᠥᠮᠦᠨ ᠨᠢ ᠤᠤᠭᠤᠭᠰᠠᠨ ᠦᠭᠡᠢ ᠪᠣᠯᠤᠯᠲᠠᠢ᠂ ᠦᠵᠡᠰᠬᠦᠯᠡᠩ ᠵᠠᠯᠭᠠᠭᠠᠳ᠄ 
       — ᠤᠤᠭᠤᠬᠤ ᠦᠭᠡᠢ ᠪᠣᠯ ᠪᠠᠢᠴᠢᠬ᠎ᠠ᠃ ᠁ ᠠᠷᠢᠬᠢ ᠪᠠᠷᠢᠵᠤ ᠪᠠᠢᠬᠤ ᠨᠢ ᠪᠠᠰᠠ ᠨᠢᠭᠡ ᠵᠦᠢᠯ ᠦ᠋ᠨ ᠬᠦᠨᠳᠦᠳᠬᠡᠯ ᠰᠢᠦ᠃  ᠁ᠬᠠᠷ᠎ᠠ ᠠᠯᠪᠠ ᠪᠠᠷ ᠠᠮᠠ ᠤᠷᠤᠭᠤ ᠴᠢᠨᠢ ᠴᠢᠳᠬᠤᠬᠤ ᠪᠢᠰᠢ ᠠ᠋᠃ ᠁ ᠪᠢ ᠴᠢᠨᠦ ᠠᠷᠢᠬᠢ ᠤᠤᠭᠤᠬᠤ ᠶ᠋ᠢ ᠪᠢᠰᠢ ᠬᠠᠷᠢᠨ ᠡᠷᠳᠡᠮ ᠴᠢᠳᠠᠪᠤᠷᠢ ᠶ᠋ᠢ ᠴᠢᠨᠢ ᠪᠢᠰᠢᠷᠡᠳᠡᠭ᠃ 
       — ᠢᠯᠠᠩᠭᠤᠶ᠎ᠠ ᠴᠢᠨᠦ ᠬᠤᠪᠢ ᠶ᠋ᠢᠨ ᠶᠠᠪᠤᠳᠠᠯ ᠢ᠋ ᠰᠦᠷᠡᠬᠡᠢ ᠪᠠᠬᠠᠷᠬᠠᠳᠠᠭ᠃  ᠁ ᠨᠣᠶᠠᠨ ᠮᠢᠨᠢ᠂ ᠴᠢᠨᠦ ᠲᠡᠷᠡ ᠬᠦᠦ ᠴᠢᠮ᠎ᠠ ᠲᠠᠢ ᠠᠪ ᠠᠳᠠᠯᠢᠬᠠᠨ ᠲᠥᠷᠥᠵᠦ ᠳᠡ᠃  ᠁ ᠶᠠᠭ ᠯᠠ ᠨᠢᠭᠡ ᠪᠤᠷᠴᠠᠭ ᠢ᠋ ᠳᠤᠮᠳᠠᠭᠤᠷ ᠨᠢ ᠠᠩᠭᠢᠯᠠᠭᠰᠠᠨ ᠮᠡᠲᠦ᠃  ᠁ ᠠᠢ᠂ ᠬᠠᠷᠠᠮᠰᠠᠯᠲᠠᠢ ᠳᠠ᠃ ᠬᠡᠯᠡᠪᠡᠯ ᠪᠢ ᠴᠦ᠍ ᠡᠬᠡᠨᠡᠷ ᠲᠡᠢ ᠴᠢᠨᠢ ᠠᠳᠠᠯᠢᠬᠠᠨ ᠲᠥᠷᠥᠬᠦ ᠴᠢᠳᠠᠪᠤᠷᠢ ᠪᠠᠨ ᠠᠯᠳᠠᠭᠰᠠᠨ ᠬᠥᠮᠦᠨ ᠶᠦᠮ ᠭᠡᠲᠡᠯ᠎ᠡ᠂ 
       — ᠴᠢ! ᠁ ᠭᠡᠬᠦ ᠡᠷᠡᠭᠲᠡᠢ ᠬᠥᠮᠦᠨ ᠦ᠌ ᠵᠠᠩᠳᠤᠷᠤᠩᠭᠤᠢ ᠵᠢᠬᠡᠭᠦᠨ ᠳᠠᠭᠤ ᠳᠠᠬᠢᠨ ᠨᠢᠭᠡ ᠲᠤᠭᠤᠯᠲᠠᠯ᠎ᠠ᠃ 
       — ᠠ᠋᠂ ᠲᠠ ᠪᠤᠤ ᠰᠠᠨᠳᠤᠷ᠃ ᠪᠢ ᠪᠦᠭᠦᠳᠡ ᠶ᠋ᠢ ᠬᠡᠯᠡᠵᠦ ᠪᠠᠷᠠᠭᠠᠳᠤᠢ᠃ ᠮᠢᠨᠦ ᠡᠷ᠎ᠡ ᠨᠥᠬᠥᠷ ᠴᠣᠬᠣᠮ ᠥᠭᠡᠳᠡ ᠦᠭᠡᠢ ᠶᠦᠮ᠃ ᠬᠡᠷᠪᠡ ᠪᠢ ᠲᠠᠨ ᠰᠢᠭ᠋ ᠬᠥᠮᠦᠨ ᠢ᠋ᠶ᠋ᠡᠷ ᠡᠷ᠎ᠡ ᠪᠡᠨ ᠪᠣᠯᠭᠠᠭᠰᠠᠨ ᠪᠣᠯ ᠬᠥᠮᠦᠨ ᠦ᠌ ᠬᠡᠦᠬᠡᠳ ᠢ᠋ ᠰᠥᠨᠥᠭᠡᠭᠡᠳ ᠥᠪᠡᠷ ᠦ᠋ᠨ ᠬᠡᠦᠬᠡᠳ ᠲᠡᠢ ᠪᠣᠯᠴᠢᠬᠠᠭᠰᠠᠨ᠃ ᠨᠣᠶᠠᠨ ᠮᠢᠨᠢ᠂ ᠶᠠᠭᠠᠬᠢᠭᠰᠠᠨ ᠴᠤ᠌ ᠪᠣᠯᠤᠭ ᠥᠪᠡᠷ ᠢ᠋ᠶ᠋ᠡᠨ ᠭᠣᠯᠣᠮᠲᠠ ᠵᠠᠯᠭᠠᠬᠤ ᠦᠷ᠎ᠡ ᠦᠨᠳᠦᠰᠦ ᠲᠡᠢ ᠪᠣᠯᠴᠢᠬᠠᠬᠤ ᠪᠢᠰᠢ ᠤᠤ? 
       — ᠪᠢ ᠣᠳᠣ ᠴᠢᠮ᠎ᠠ ᠶ᠋ᠢ ᠭᠤᠶᠤᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ᠃ 
       — ᠪᠢ ᠴᠦ᠍ ᠦᠷ᠎ᠡ ᠬᠡᠦᠬᠡᠳ ᠦ᠋ᠨ ᠢ᠋ᠶ᠋ᠡᠨ ᠬᠣᠢᠨ᠎ᠠ ᠠ᠋ᠴᠠ ᠵᠣᠪᠠᠬᠤ ᠶᠤᠮ᠃ ᠵᠠ ᠨᠣᠶᠠᠨ ᠮᠢᠨᠢ᠂ ᠪᠢ ᠳᠠᠷᠤᠵᠤ ᠪᠠᠢᠭᠰᠠᠨ ᠪᠦᠬᠦ ᠨᠢᠭᠤᠴᠠ ᠪᠠᠨ ᠪᠦᠷ ᠬᠡᠯᠡᠭᠰᠡᠨ ᠨᠢ ᠡᠨᠡ᠃ 
       — ᠲᠠ ᠪᠢᠲᠡᠭᠡᠢ ᠠᠶᠤᠵᠤ ᠰᠠᠨᠳᠤᠷ᠃ ᠲᠠᠪᠤᠨ ᠲᠣᠬᠣᠢ ᠡᠷ᠎ᠡ ᠬᠥᠮᠦᠨ ᠦ᠌ ᠬᠢᠵᠦ ᠴᠢᠳᠠᠭᠰᠠᠨ ᠶᠠᠪᠤᠳᠠᠯ ᠶᠤᠮ ᠴᠢᠨᠢ ᠰᠣᠨᠣᠰᠬᠤ ᠳ᠋ᠤ᠌ ᠶᠠᠭᠤ ᠠ᠋ᠴᠠ ᠵᠣᠪᠠᠭᠰᠠ ᠶᠤᠮ? ᠾᠧᠩ ᠁ ᠨᠠᠳᠠ ᠥᠭᠡᠷ᠎ᠡ ᠬᠡᠯᠡᠮᠡᠷ ᠶᠠᠭᠤᠮ᠎ᠠ ᠦᠭᠡᠢ᠃ 
       — ᠦᠨᠡᠨ ᠳ᠋ᠦ᠍ ᠪᠡᠨ ᠪᠢ ᠴᠢᠮ᠎ᠠ ᠳ᠋ᠤ᠌ ᠢᠩᠭᠢᠵᠦ ᠪᠣᠳᠣᠯ ᠤ᠋ᠨ ᠨᠢᠭᠤᠴᠠ ᠪᠠᠨ ᠶᠠᠷᠢᠵᠤ ᠰᠣᠨᠣᠰᠬᠠᠬᠤ ᠪᠠᠷ ᠰᠥᠨᠢ ᠶ᠋ᠢᠨ ᠭᠦᠨ ᠳ᠋ᠦ᠍ ᠪᠢᠲᠡᠭᠦᠦ ᠪᠥᠭᠯᠡᠭᠦᠦ ᠭᠡᠷ ᠲᠦ᠍ ᠰᠠᠭᠤᠭᠠᠳ ᠳᠠᠭᠤᠳᠠᠭᠰᠠᠨ ᠨᠢ ᠨᠢᠭᠡ ᠡᠬᠡᠨᠡᠷ ᠬᠥᠮᠦᠨ ᠳ᠋ᠦ᠍ ᠠᠪᠴᠤ ᠬᠡᠯᠡᠪᠡᠯ ᠨᠢᠭᠤᠷ ᠢ᠋ᠶ᠋ᠠᠨ ᠬᠤᠷᠤᠭᠤ ᠵᠤᠵᠠᠭᠠᠯᠠᠭᠰᠠᠨ ᠭᠡᠳᠡᠭ ᠢ᠋ ᠲᠠ ᠣᠢᠯᠠᠭᠠᠬᠤ ᠪᠢᠵᠡ᠃ 
       — ᠭᠡᠲᠡᠯ᠎ᠡ ᠪᠢ ᠳᠠᠬᠢᠨ ᠳᠠᠪᠲᠠᠨ ᠰᠢᠬᠠᠮᠳᠠᠭᠳᠠᠬᠤ ᠳ᠋ᠤ᠌ ᠪᠠᠨ ᠢᠩᠭᠢᠵᠦ ᠬᠢᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ᠃ 
       — ᠬᠦᠢ᠂ ᠨᠣᠶᠠᠨ ᠠ᠋᠂ ᠮᠢᠨᠦ ᠦᠨᠡᠨ ᠦᠭᠡᠨ ᠦ᠌ ᠡᠰᠡᠷᠭᠦ ᠪᠢᠲᠡᠭᠡᠢ ᠬᠥᠮᠦᠨ ᠠᠶᠤᠮᠠᠷ ᠴᠢᠷᠠᠢ ᠭᠠᠷᠭ᠎ᠠ ᠳᠠ᠃ 
       — ᠪᠢ ᠲᠠᠬᠢᠵᠤ ᠥᠨᠳᠥᠷ ᠱᠠᠭᠠᠷᠳᠠᠯᠭ᠎ᠠ ᠳᠤᠷᠠᠳᠬᠤ ᠦᠭᠡᠢ᠃ 
       — ᠭᠡᠪᠡᠴᠦ ᠮᠢᠨᠦ ᠳᠤᠷᠠᠳᠤᠭᠰᠠᠨ ᠢ᠋ ᠵᠠᠪᠠᠯ ᠪᠡᠶᠡᠯᠡᠭᠦᠯᠵᠦ ᠥᠭᠬᠦ ᠬᠡᠷᠡᠭᠲᠡᠢ᠃ 
       — ᠪᠢ ᠭᠡᠳᠡᠭ ᠬᠥᠮᠦᠨ ᠴᠢᠨᠦ ᠪᠣᠳᠣᠭᠰᠠᠨ ᠰᠢᠭ᠋ ᠶᠠᠭᠠᠬᠢᠪᠠᠴᠤ ᠪᠣᠯᠤᠮᠠᠷ ᠳᠣᠷᠣᠢ ᠨᠣᠮᠣᠢ ᠬᠥᠮᠦᠨ ᠪᠢᠰᠢ᠃ ᠮᠡᠳᠡᠵᠦ ᠠᠪ ᠨᠣᠶᠠᠨ ᠮᠢᠨᠢ!
       — ᠬᠡᠷᠪᠡ ᠨᠢᠭᠡ ᠯᠡ ᠵᠠᠭᠠᠯᠳᠤᠪᠠᠯ ᠴᠢ ᠨᠡᠷ᠎ᠡ ᠨᠢᠭᠤᠷ ᠢ᠋ᠶ᠋ᠠᠨ ᠪᠠᠷᠠᠵᠤ ᠡᠷᠬᠡ ᠲᠤᠰᠢᠶᠠᠯ ᠢ᠋ᠶ᠋ᠠᠨ ᠠᠯᠳᠠᠬᠤ ᠲᠡᠳᠦᠢ ᠪᠡᠷ ᠵᠣᠭᠰᠣᠬᠤ ᠦᠭᠡᠢ᠃ 
       — ᠮᠢᠨᠦ ᠬᠣᠪᠢᠨ ᠳ᠋ᠤ᠌ ᠪᠣᠯ ᠴᠢᠨᠦ ᠬᠣᠣᠷᠯᠠᠯ ᠢ᠋ ᠠᠮᠰᠠᠬᠤ ᠪᠠᠷ ᠢ᠋ᠶ᠋ᠠᠨ ᠪᠣᠯᠤᠭᠰᠠᠨ ᠯᠠ ᠳᠠ᠁᠃  
       — ᠨᠣᠶᠠᠨ ᠮᠢᠨᠢ᠂ ᠮᠢᠨᠦ ᠬᠣᠪᠢᠨ ᠳ᠋ᠤ᠌ ᠭᠡᠪᠡᠯ ᠴᠢᠮ᠎ᠠ ᠶ᠋ᠢ ᠵᠠᠯᠭᠢᠴᠢᠬᠠᠶ᠎ᠠ ᠬᠠᠩᠬᠤ ᠦᠭᠡᠢ ᠰᠢᠦ᠃  
       — ᠪᠢ ᠨᠠᠢᠵᠠ ᠪᠠᠨ ᠪᠣᠳᠣᠬᠤ ᠶᠤᠮ᠃ ᠴᠢ ᠪᠢᠲᠡᠭᠡᠢ ᠠᠶᠤ! ᠪᠢ ᠠᠷᠠᠢ ᠴᠢᠮ᠎ᠠ ᠰᠢᠭ᠋ ᠬᠠᠷ᠎ᠠ ᠰᠠᠨᠠᠭᠠᠲᠠᠨ ᠪᠢᠰᠢ ᠰᠢᠦ᠃ 
       — ᠬᠡᠷᠪᠡ᠂ ᠬᠡᠷᠪᠡ ᠴᠢ ᠨᠠᠳᠠ ᠪᠡᠶᠡᠯᠡᠭᠦᠯᠵᠦ ᠥᠭᠬᠦ ᠦᠭᠡᠢ ᠪᠣᠯ ᠵᠥᠪᠬᠡᠨ ᠨᠡᠷ᠎ᠡ ᠨᠢᠭᠤᠷ ᠢ᠋ ᠴᠢᠨᠢ ᠪᠠᠷᠠᠬᠤ ᠲᠡᠳᠦᠢ ᠪᠡᠷ ᠵᠣᠭᠰᠣᠬᠤ ᠦᠭᠡᠢ᠃ 
       — ᠬᠠᠤᠯᠢ ᠳᠡᠭᠡᠷ᠎ᠡ ᠠᠮᠢᠨ ᠬᠡᠷᠡᠭ ᠢ᠋ ᠶᠡᠬᠡ ᠬᠥᠮᠦᠨ᠂ ᠬᠡᠦᠬᠡᠳ ᠦ᠋ᠨ ᠠᠮᠢ ᠭᠡᠵᠦ ᠢᠯᠭᠠᠬᠤ ᠦᠭᠡᠢ ᠰᠢᠦ ᠭᠡᠬᠦ ᠬᠦᠷᠲᠡᠯ᠎ᠡ ᠯᠡ ᠰᠣᠨᠣᠰᠤᠭᠰᠠᠨ ᠭᠡᠳ ᠪᠣᠯᠤᠷᠴᠠᠭᠠᠨ ᠦᠭᠡ ᠪᠡᠨ ᠲᠠᠰᠤᠯᠤᠭᠠᠳ᠄
       — ᠪᠢ ᠨᠢᠭᠡ ᠲᠠᠮᠠᠬᠢ ᠲᠠᠲᠠᠶ᠎ᠠ᠂ ᠪᠣᠯᠤᠨ᠎ᠠ ᠤᠤ? ᠭᠡᠪᠡ᠃  ᠪᠣᠯᠤᠷᠴᠠᠭᠠᠨ ᠳᠡᠷᠭᠡᠳᠡ ᠨᠢ ᠪᠠᠢᠭᠰᠠᠨ ᠴᠠᠭᠳᠠᠭ᠎ᠠ ᠶ᠋ᠢᠨ ᠨᠣᠴᠣᠭᠠᠵᠤ ᠥᠭᠭᠦᠭᠰᠡᠨ ᠲᠠᠮᠠᠬᠢ ᠶ᠋ᠢ ᠠᠪᠴᠤ ᠬᠡᠳᠦ ᠰᠠᠢᠨ ᠰᠤᠷᠤᠭᠰᠠᠨ ᠢ᠋ᠶ᠋ᠠᠨ᠄
       — ᠦᠵᠡᠰᠬᠦᠯᠡᠩ᠂ ᠲᠡᠷᠡ 《ᠨᠣᠶᠠᠨ》 ᠭᠡᠭᠴᠢ ᠲᠡᠢ ᠡᠢᠮᠦᠷᠬᠦᠦ ᠠᠭᠠᠰᠢᠯᠠᠨ᠂ ᠡᠬᠢ ᠲᠣᠮᠣᠭ᠎ᠠ ᠦᠭᠡᠢ ᠨᠢᠭᠤᠴᠠ ᠪᠢᠲᠡᠭᠦᠦ ᠪᠡᠷ ᠶᠠᠷᠢᠯᠴᠠᠵᠤ ᠰᠠᠭᠤᠬᠤ ᠳ᠋ᠤ᠌᠂ ᠮᠢᠨᠦ ᠠᠷᠠᠢᠬᠠᠨ ᠳᠠᠷᠤᠵᠤ ᠪᠠᠢᠭᠰᠠᠨ ᠠᠭᠤᠷ ᠬᠣᠣᠷ ᠳᠠᠬᠢᠭᠠᠳ ᠳᠠᠷᠤᠭᠳᠠᠰᠢ ᠦᠭᠡᠢ ᠣᠢᠯᠤᠨ ᠪᠤᠴᠠᠯᠤᠯ᠎ᠠ᠃ 
       — ᠮᠠᠭᠤ ᠡᠮ᠎ᠡ ᠡᠮᠦᠨ᠎ᠡ ᠬᠣᠶᠠᠷ ᠡᠳᠦᠷ ᠡᠯᠳᠡᠪ ᠮᠠᠶᠢᠭ ᠢ᠋ᠶ᠋ᠠᠷ ᠪᠡᠶ᠎ᠡ ᠪᠡᠨ ᠶᠠᠩᠵᠤᠯᠠᠵᠤ ᠪᠠᠢᠭᠰᠠᠨ ᠨᠢ ᠨᠡᠢᠯᠡᠭᠰᠡᠨ ᠡᠷ᠎ᠡ ᠲᠡᠢ ᠪᠡᠨ ᠨᠢᠭᠤᠴᠠ ᠪᠠᠷ ᠪᠣᠯᠵᠣᠵᠤ ᠪᠠᠢᠭᠰᠠᠨ ᠶᠤᠮ ᠪᠠᠢᠨ᠎ᠠ ᠰᠢᠦ᠃ 
       — ᠪᠠᠰᠠ ᠦᠷ᠎ᠡ ᠬᠡᠦᠬᠡᠳ ᠲᠡᠢ ᠪᠣᠯᠬᠤ ᠭᠡᠨ᠎ᠡ᠃
       — ᠲᠡᠷᠡ ᠴᠢᠳᠠᠪᠤᠷᠢ ᠦᠭᠡᠢ ᠶᠦᠮ ᠴᠢᠨᠢ ᠭᠡᠵᠦ ᠪᠠᠰᠠ ᠨᠠᠮ᠎ᠠ ᠶ᠋ᠢ ᠥᠭᠡᠳᠡ ᠦᠭᠡᠢ ᠭᠡᠳ ᠮᠠᠭᠤᠰᠢᠶᠠᠬᠤ ᠳᠤᠷ᠎ᠠ ᠲᠠᠢ ᠳ᠋ᠤ᠌ ᠪᠠᠨ᠃ 
       — ᠲᠡᠭᠡᠭᠡᠳ ᠮᠢᠨᠦ ᠳᠡᠷᠭᠡᠳᠡ ᠡᠴᠡ ᠶᠠᠪᠤᠬᠤ ᠨᠢ ᠶᠣᠰᠣᠲᠠᠢ ᠠᠯᠪᠠᠨ ᠤᠴᠢᠷ ᠲᠤ᠌ ᠶᠠᠪᠤᠬᠤ ᠰᠢᠭ᠋ ᠠᠵᠢᠭ ᠴᠤ᠌ ᠦᠭᠡᠢ ᠭᠡᠭᠴᠢ ᠨᠢ᠃
       — ᠨᠡᠭᠡᠷᠡᠨ ᠬᠥᠮᠦᠨ ᠢ᠋ ᠢᠩᠭᠢᠵᠦ ᠬᠥᠮᠦᠨ ᠦ᠌ ᠲᠣᠭᠠᠨ ᠳ᠋ᠤ᠌ ᠪᠣᠳᠣᠬᠤ ᠦᠭᠡᠢ ᠳᠣᠷᠣᠮᠵᠢᠯᠠᠬᠤ ᠨᠢ ᠳᠠᠩᠴᠤ ᠬᠡᠲᠦᠷᠡᠵᠦ ᠪᠠᠢᠨ᠎ᠠ ᠭᠡᠵᠦ ᠪᠣᠳᠣᠬᠤ ᠠ᠋ᠴᠠ ᠡᠨᠡ 《ᠨᠣᠶᠠᠨ》 ᠭᠡᠭᠴᠢ ᠠᠮᠢᠲᠠᠨ ᠲᠠᠢ ᠡᠷᠡᠭᠴᠢᠨ ᠡᠮᠡᠭᠴᠢᠨ ᠢ᠋ᠶ᠋ᠡᠨ ᠢᠯᠭᠠᠬᠤ ᠵᠣᠷᠢᠭ ᠶᠠᠭᠠᠬᠢᠬᠤ ᠶ᠋ᠢᠨ ᠠᠷᠭ᠎ᠠ ᠦᠭᠡᠢ ᠡᠷᠴᠢᠯᠡᠭᠳᠡᠵᠦ᠂ X ᠰᠠᠴᠤᠷᠠᠭ ᠤ᠋ᠨ ᠮᠠᠰᠢᠨ ᠤ᠋ ᠬᠠᠵᠠᠭᠤ ᠪᠠᠷ ᠪᠣᠯᠤᠮᠠᠷ ᠢᠳᠡᠲᠡᠢ ᠵᠡᠪᠰᠡᠭ ᠡᠷᠢᠪᠡ᠃ 
       — ᠭᠡᠪᠡᠴᠦ ᠶᠠᠭᠤ ᠴᠤ᠌ ᠡᠷᠢᠵᠦ ᠣᠯᠤᠭᠰᠠᠨ ᠦᠭᠡᠢ᠃ 
       — ᠬᠡᠷᠪᠡ ᠣᠯᠳᠠᠭᠰᠠᠨ ᠪᠣᠯ ᠲᠡᠷᠡ ᠤᠳᠠᠭ᠎ᠠ ᠶᠠᠮᠠᠷ ᠬᠡᠷᠡᠭ ᠴᠦ᠍ ᠲᠠᠲᠠᠭᠰᠠᠨ ᠪᠠᠢᠵᠤ ᠮᠡᠳᠡᠬᠦ ᠶᠦᠮ᠃ 
       — ᠪᠢ ᠢᠩᠭᠢᠵᠦ ᠮᠤᠩᠭᠠᠨᠢᠨ ᠲᠡᠮᠲᠡᠷᠬᠢᠯᠡᠬᠦ ᠳᠤᠮᠳᠠ ᠪᠠᠨ ᠭᠡᠨᠡᠳᠲᠡ ᠰᠡᠬᠡᠰᠬᠢᠨ ᠤᠬᠠᠭᠠᠷᠠᠯ᠎ᠠ᠃ 
       — ᠡᠨᠡ ᠰᠥᠨᠢ ᠶ᠋ᠢᠨ ᠭᠦᠨ ᠳ᠋ᠦ᠍ ᠭᠠᠭᠴᠠᠭᠠᠷ ᠢ᠋ᠶ᠋ᠠᠨ ᠴᠦᠯᠢᠰ ᠳᠠᠭᠠᠷᠢᠨ ᠣᠷᠣᠭᠠᠳ ᠭᠡᠳᠡᠷᠭᠦ ᠪᠡᠨ ᠡᠨᠡ ᠬᠣᠶᠠᠷ ᠲᠤ᠌ ᠠᠪᠲᠠᠴᠢᠬᠠᠪᠠᠯ ᠶᠠᠭᠠᠬᠢᠨ᠎ᠠ? ᠢᠷᠡᠭᠰᠡᠨ ᠡᠷ᠎ᠡ ᠴᠦ᠍ ᠲᠤᠷᠤᠭ ᠦᠵᠡᠭᠳᠡᠭᠰᠡᠨ᠃
       — ᠮᠠᠭᠤ ᠦᠢᠯᠡ ᠨᠢ ᠪᠠᠷᠢᠭᠳᠠᠪᠠᠯ ᠰᠠᠨᠳᠤᠷᠬᠤ ᠳ᠋ᠤ᠌ ᠪᠠᠨ ᠬᠣᠶᠠᠭᠤᠯᠠ ᠪᠠᠨ ᠨᠡᠢᠯᠡᠨ ᠨᠠᠮ᠎ᠠ ᠶ᠋ᠢ ᠶᠠᠭᠠᠬᠢᠵᠤ ᠴᠤ᠌ ᠮᠠᠭᠠᠳ ᠦᠭᠡᠢ᠃ 
       — ᠢᠩᠭᠢᠵᠦ ᠪᠦᠳᠦᠭᠦᠯᠢᠭ ᠢ᠋ᠶ᠋ᠡᠷ ᠠᠭᠠᠰᠢᠯᠠᠵᠤ ᠬᠣᠣᠷ ᠠᠮᠰᠠᠬᠤ ᠶ᠋ᠢᠨ ᠣᠷᠣᠨ ᠳ᠋ᠤ᠌ ᠭᠡᠷ ᠲᠦ᠍ ᠪᠡᠨ ᠬᠠᠷᠢᠵᠤ ᠬᠦᠯᠢᠶᠡᠵᠦ ᠪᠠᠢᠭᠠᠳ ᠳᠠᠩᠰᠠ ᠪᠣᠳᠣᠭᠰᠠᠨ ᠨᠢ ᠳᠡᠭᠡᠷ᠎ᠡ᠃ 
       — ᠤᠳᠠᠯ ᠦᠭᠡᠢ ᠬᠠᠷᠢᠭᠰᠠᠨ ᠤ᠋ ᠬᠣᠢᠨ᠎ᠠ ᠮᠠᠭᠤ ᠡᠮ᠎ᠡ ᠶ᠋ᠢ ᠮᠡᠳᠡᠶ᠎ᠡ᠂ ᠴᠢᠭᠢᠶᠡᠲᠦᠷᠦᠦ᠃ 
       — ᠠᠷᠠᠰᠤ ᠶ᠋ᠢ ᠴᠢᠨᠢ ᠥᠪᠴᠢᠵᠦ ᠰᠢᠷᠪᠥᠰᠥ ᠶ᠋ᠢ ᠴᠢᠨᠢ ᠰᠤᠭᠤᠯᠬᠤ ᠦᠭᠡᠢ ᠪᠣᠯ ᠶᠠᠭᠤ ᠪᠢᠯᠡ ᠭᠡᠵᠦ ᠪᠣᠳᠣᠭᠠᠳ ᠪᠢ ᠰᠡᠮᠡᠬᠡᠷ ᠭᠠᠷᠴᠤ ᠢᠷᠡᠪᠡ ᠭᠡᠳ ᠲᠠᠮᠠᠬᠢ ᠪᠠᠨ ᠬᠡᠳᠦ ᠰᠤᠷᠤᠭᠰᠠᠨ ᠢ᠋ᠶ᠋ᠠᠨ ᠵᠠᠯᠭᠠᠭᠠᠳ᠄ 
       — ᠰᠥᠨᠢ ᠳᠤᠮᠳᠠ ᠶ᠋ᠢᠨ ᠦᠶ᠎ᠡ ᠪᠡᠷ ᠦᠵᠡᠰᠬᠦᠯᠡᠩ ᠠᠷᠢᠬᠢᠨ ᠬᠠᠯᠠᠭᠤᠨ ᠳ᠋ᠤ᠌ ᠨᠢᠭᠤᠷ ᠴᠢᠷᠠᠢ ᠪᠠᠨ ᠤᠯᠠᠢᠯᠭᠠᠴᠢᠬᠠᠭᠰᠠᠨ ᠶᠠᠭᠤᠮ᠎ᠠ ᠬᠠᠷᠢᠵᠤ ᠢᠷᠡᠬᠦ ᠳ᠋ᠦ᠍ ᠡᠮᠦᠨ᠎ᠡ ᠡᠴᠡ ᠨᠢ ᠡᠯᠢᠶ᠎ᠡ ᠲᠠᠬᠢᠶ᠎ᠠ ᠰᠢᠭᠦᠷᠡᠬᠦ ᠰᠢᠭ ᠲᠡᠭᠦᠨ ᠢ᠋ ᠵᠠᠭᠠᠮᠠᠳᠠᠨ ᠠᠪᠤᠯ᠎ᠠ᠃ 
       — ᠠᠷᠢᠬᠢᠨ ᠤ᠋ ᠬᠠᠯᠠᠭᠤᠨ᠂ ᠰᠠᠨᠠᠭᠠᠨ ᠤ᠋ ᠪᠠᠬᠠᠳᠤᠯ ᠳ᠋ᠤ᠌ ᠪᠠᠨ ᠰᠣᠭᠲᠣᠭᠤᠷᠠᠭᠰᠠᠨ ᠦᠵᠡᠰᠬᠦᠯᠡᠩ ᠡᠨᠡ ᠬᠦ᠌ ᠭᠡᠨᠡᠳᠲᠡ ᠶ᠋ᠢᠨ ᠳᠠᠭᠠᠷᠢᠯᠲᠠ ᠶ᠋ᠢᠨ ᠤᠬᠠᠭᠠᠨ ᠢ᠋ ᠨᠢ ᠴᠦ᠍ ᠣᠯᠤᠭᠠᠳᠤᠢ ᠪᠠᠢᠲᠠᠯ᠎ᠠ ᠮᠢᠨᠦ ᠲᠣᠮᠣ ᠠᠯᠠᠭ᠎ᠠ ᠬᠠᠴᠠᠷ ᠲᠤᠨᠢ ᠵᠡᠭᠦᠨ ᠪᠠᠷᠠᠭᠤᠨ ᠦᠭᠡᠢ ᠬᠡᠳᠦ ᠪᠠᠭᠤᠭᠠᠳ ᠠᠮᠵᠢᠪᠠ᠃
       — ᠲᠡᠷᠡ ᠰᠠᠨᠳᠤᠷᠬᠤ ᠳ᠋ᠤ᠌ ᠪᠠᠨ ᠭᠠᠳᠠᠭᠰᠢ ᠳᠤᠲᠠᠭᠠᠨ ᠭᠠᠷᠴᠤ ᠤᠬᠢᠯᠠᠨ ᠬᠠᠢᠯᠠᠨ ᠪᠠᠷᠬᠢᠷᠠᠭᠰᠠᠨ ᠳ᠋ᠤ᠌ ᠠᠢᠯ ᠠᠢᠮᠠᠭ ᠤ᠋ᠨ ᠬᠢᠨ ᠬᠦᠷᠦᠯᠴᠡᠨ ᠢᠷᠡᠵᠦ᠂ ᠨᠠᠮ᠎ᠠ ᠶ᠋ᠢ ᠬᠣᠷᠢᠭᠯᠠᠨ ᠵᠣᠭᠰᠣᠭᠠᠵᠤ ᠪᠢᠯᠡ ᠭᠡᠳ ᠪᠣᠯᠤᠷᠴᠠᠭᠠᠨ ᠴᠢᠮᠡᠭᠡ ᠦᠭᠡᠢ ᠪᠣᠯᠤᠭᠰᠠᠨ ᠳ᠋ᠤ᠌ ᠲᠦᠪᠰᠢᠨ ᠰᠢᠷᠡᠭᠡ ᠪᠡᠨ ᠠᠯᠭᠤᠷᠬᠠᠨ ᠨᠢᠭᠡ ᠲᠣᠭᠰᠢᠵᠤ ᠠᠪᠤᠭᠠᠳ᠄  
       — ᠰᠡᠭᠦᠯᠡᠷ ᠨᠢ ᠲᠡᠭᠡᠭᠡᠳ ᠶᠠᠭᠠᠬᠢᠭᠰᠠᠨ ᠪᠣᠢ? ᠵᠠᠯᠭᠠᠭᠠᠳ ᠶᠠᠷᠢ! ᠭᠡᠪᠡ᠃ 
       ᠪᠣᠯᠤᠷᠴᠠᠭᠠᠨ᠂ ᠲᠦᠪᠰᠢᠨ ᠦ᠌ ᠡᠮᠦᠨ᠎ᠡ ᠡᠴᠡ ᠲᠣᠯᠣᠭᠠᠢ ᠪᠠᠨ ᠳᠣᠬᠢᠰᠬᠢᠨ ᠬᠤᠨᠳᠤᠴᠠᠭ ᠢ᠋ᠶ᠋ᠠᠨ ᠵᠠᠢᠮᠤᠴᠢᠭᠤᠯᠤᠨ ᠰᠠᠭᠤᠳᠠᠯ ᠢ᠋ᠶ᠋ᠠᠨ ᠵᠠᠰᠠᠭᠠᠳ᠄  
       — ᠮᠠᠷᠭᠠᠰᠢ ᠨᠢ ᠪᠢ ᠲᠡᠭᠦᠨ ᠢ᠋ ᠬᠠᠷ᠎ᠠ ᠠᠯᠪᠠ ᠪᠠᠷ ᠳᠠᠭᠠᠭᠤᠯᠤᠨ ᠰᠢᠭᠦᠬᠦ ᠬᠣᠷᠢᠶᠠᠨ ᠤ᠋ ᠢᠷᠭᠡᠨ ᠦ᠌ ᠬᠡᠷᠡᠭ ᠡᠷᠬᠢᠯᠡᠬᠦ ᠬᠠᠮᠢᠶ᠎ᠠ ᠪᠦᠬᠦᠢ ᠪᠠᠢᠭᠤᠯᠭ᠎ᠠ ᠳ᠋ᠤ᠌ ᠬᠦᠷᠴᠦ ᠤᠷᠤᠭ ᠰᠠᠯᠬᠤ ᠪᠠᠷ ᠱᠠᠭᠠᠷᠳᠠᠬᠤ ᠳ᠋ᠤ᠌᠂ ᠲᠡᠷᠡ ᠲᠣᠯᠣᠭᠠᠢ ᠳᠠᠷᠤᠨ ᠱᠣᠭ ᠱᠣᠭ ᠤᠬᠢᠯᠠᠬᠤ ᠠ᠋ᠴᠠ ᠥᠭᠡᠷ᠎ᠡ ᠳᠠᠭᠤ ᠦᠭᠡᠢ ᠪᠠᠢᠪᠠ᠃ 
       — ᠪᠢ ᠠᠯᠪᠠ ᠶ᠋ᠢᠨ ᠬᠥᠮᠦᠰ ᠲᠦ᠍ ᠥᠴᠥᠭᠡᠳᠦᠷ ᠰᠥᠨᠢ ᠶ᠋ᠢᠨ ᠬᠡᠷᠡᠭ ᠶᠠᠭ ᠦᠨᠡᠨ ᠭᠡᠵᠦ ᠵᠢᠭᠤᠷᠠᠬᠤᠯᠠᠷ ᠦᠵᠡᠰᠬᠦᠯᠡᠩ ᠮᠥᠨ ᠶᠠᠭᠤ ᠴᠤ᠌ ᠶᠠᠷᠢᠬᠤ ᠦᠭᠡᠢ ᠨᠤᠷᠮᠠᠢᠭᠠᠳ ᠳᠤᠭᠤᠢ ᠰᠠᠭᠤᠵᠤ ᠯᠠ ᠪᠠᠢᠭᠰᠠᠨ᠃ 
       — ᠡᠴᠦᠰ ᠲᠦ᠋ᠨᠢ ᠪᠢ ᠥᠪᠡᠷ ᠢ᠋ᠶ᠋ᠡᠨ ᠴᠦ᠍ ᠵᠠᠭᠠᠯᠳᠤᠵᠤ ᠪᠠᠢᠭ᠎ᠠ ᠬᠥᠮᠦᠨ ᠦ᠌ ᠪᠡᠨ ᠨᠡᠷ᠎ᠡ ᠣᠪᠣᠭ᠂ ᠪᠡᠶ᠎ᠡ ᠪᠠᠢᠳᠠᠯ ᠢ᠋ ᠨᠢ ᠬᠡᠯᠡᠵᠦ ᠭᠠᠷᠭᠠᠵᠤ ᠴᠢᠳᠠᠬᠤ ᠦᠭᠡᠢ ᠪᠣᠯᠬᠤ ᠳ᠋ᠤ᠌᠂ ᠬᠡᠨ ᠴᠦ᠍ ᠢᠲᠡᠭᠡᠬᠦ ᠪᠡᠨ ᠪᠠᠢᠴᠢᠬᠠᠪᠠ᠃ 
       ᠠᠯᠪᠠ ᠶ᠋ᠢᠨ ᠬᠥᠮᠦᠰ ᠴᠦ᠍ 《ᠪᠠᠢᠴᠢᠬ᠎ᠠ᠂ ᠡᠢᠮᠦ ᠪᠠᠭ᠎ᠠ ᠰᠠᠭ᠎ᠠ ᠶᠠᠪᠤᠳᠠᠯ ᠢ᠋ᠶ᠋ᠠᠨ ᠪᠤᠤ ᠨᠢᠭᠡ ᠶᠡᠬᠡ ᠶᠠᠭᠤᠮ᠎ᠠ ᠪᠣᠯᠭᠠᠭᠠᠳ ᠪᠠᠢ!ᠥᠭᠡᠷ᠎ᠡ ᠤᠴᠢᠷ ᠪᠠᠢᠵᠤ ᠴᠤ᠌ ᠮᠡᠳᠡᠨ᠎ᠡ ᠰᠢᠲ‍ᠡ》 ᠭᠡᠳ ᠪᠠᠢᠬᠤᠯ᠎ᠠ ᠪᠢᠳᠡ ᠬᠣᠶᠠᠭᠤᠯᠠ ᠢᠷᠭᠡᠨ ᠦ᠌ ᠬᠡᠷᠡᠭ ᠡᠷᠬᠢᠯᠡᠬᠦ ᠠᠵᠢᠯᠲᠠᠨ ᠤ᠋ ᠢᠳᠬᠠᠯ ᠬᠥᠮᠦᠵᠢᠯ ᠢ᠋ ᠴᠠᠭ ᠭᠠᠷᠤᠢ ᠬᠦᠷᠲᠡᠭᠡᠳ ᠤᠭ ᠬᠡᠪ ᠢ᠋ᠶ᠋ᠡᠷ ᠢ᠋ᠶ᠋ᠡᠨ ᠬᠠᠷᠢᠵᠤ ᠢᠷᠡᠵᠡᠭᠡᠯ᠎ᠡ᠃ 
       ᠦᠵᠡᠰᠬᠦᠯᠡᠩ ᠤᠷᠵᠢᠨᠤᠨ ᠴᠢᠷᠠᠢᠯᠠᠨ᠂ ᠶᠠᠭᠤ ᠴᠤ᠌ ᠪᠣᠯᠤᠭ᠎ᠠ ᠦᠭᠡᠢ ᠮᠡᠲᠦ ᠦᠳᠡ ᠶ᠋ᠢᠨ ᠪᠤᠳᠠᠭ᠎ᠠ ᠪᠡᠯᠡᠳᠬᠡᠵᠦ ᠪᠠᠢᠬᠤ ᠳ᠋ᠤ᠌ ᠪᠠᠨ᠄ 
       — ᠰᠠᠯᠬᠤ ᠭᠡᠳᠡᠭ ᠬᠥᠮᠦᠨ ᠥᠪᠡᠷ ᠢ᠋ᠶ᠋ᠡᠨ ᠪᠤᠳᠠᠭ᠎ᠠ ᠪᠠᠨ ᠴᠢᠨᠠᠨ᠎ᠠ ᠪᠢᠵᠡ᠃ ᠾᠧᠩ! ᠶᠠᠭᠤ ᠬᠦᠯᠢᠶᠡᠵᠦ ᠪᠠᠢᠬᠤ ᠪᠣᠢ⁈ 
       — ᠪᠢ ᠴᠢᠮ᠎ᠠ ᠳ᠋ᠤ᠌ ᠬᠡᠯᠡᠵᠦ ᠥᠭᠭᠦᠶ᠎ᠡ᠂ ᠴᠢ ᠬᠡᠷᠪᠡ ᠨᠠᠮ᠎ᠠ ᠶ᠋ᠢ ᠰᠠᠨᠠᠭᠠᠨ ᠮᠤᠬᠤᠷ ᠠ᠋ᠴᠠ ᠪᠠᠨ ᠵᠢᠭᠰᠢᠭᠡᠳ ᠰᠠᠯᠤᠶ᠎ᠠ ᠭᠡᠪᠡᠯ ᠨᠢᠭᠤᠷ ᠢ᠋ᠶ᠋ᠠᠨ ᠰᠢᠷᠢᠯᠡᠭᠡᠳ ᠵᠢᠭᠤᠷᠠᠬᠤ ᠬᠥᠮᠦᠨ ᠪᠢ ᠪᠢᠰᠢ᠃ 
       — ᠭᠠᠭᠴᠠ ᠥᠴᠥᠭᠡᠳᠦᠷ ᠰᠥᠨᠢ ᠶ᠋ᠢᠨ ᠬᠡᠷᠡᠭ ᠡᠴᠡ ᠰᠠᠯᠵᠤ ᠰᠠᠷᠨᠢᠶ᠎ᠠ ᠭᠡᠰᠡᠨ ᠪᠣᠳᠣᠯ ᠣᠷᠣᠭᠰᠠᠨ ᠪᠣᠯ ᠠᠷᠠᠢ ᠪᠠᠬᠠᠨ ᠬᠡᠲᠦᠷᠡᠬᠦ ᠦᠭᠡᠢ ᠤᠤ⁈ ᠭᠡᠵᠦ ᠰᠢᠭᠤᠳ ᠰᠢᠯᠤᠭᠤᠬᠠᠨ ᠬᠡᠯᠡᠭᠡᠳ ᠬᠣᠷᠮᠣᠢᠪᠴᠢ ᠪᠠᠷ ᠢ᠋ᠶ᠋ᠠᠨ ᠭᠠᠷ ᠢ᠋ᠶ᠋ᠠᠨ ᠠᠷᠴᠢᠨ ᠵᠣᠭᠰᠣᠵᠤ ᠪᠠᠢᠭᠰᠠᠨ ᠭᠡᠳ ᠪᠣᠯᠤᠷᠴᠠᠭᠠᠨ ᠦᠭᠡ ᠪᠡᠨ ᠲᠠᠰᠤᠯᠤᠯ᠎ᠠ᠃ 
       ᠲᠦᠪᠰᠢᠨ ᠭᠤᠸᠠᠢ ᠴᠠᠭ ᠢ᠋ᠶ᠋ᠠᠨ ᠨᠢᠭᠡ ᠬᠠᠷᠠᠵᠤ ᠠᠪᠤᠭᠠᠳ᠄ 
       — ᠣᠳᠣ ᠨᠢᠭᠡᠨᠲᠡ ᠬᠣᠭᠣᠯᠠ ᠢᠳᠡᠬᠦ ᠴᠠᠭ ᠪᠣᠯᠴᠢᠬᠠᠯ᠎ᠠ᠃ ᠡᠨᠡ ᠤᠳᠠᠭᠠᠨ ᠤ᠋ ᠰᠢᠭᠦᠯᠲᠡ ᠶ᠋ᠢ ᠡᠨᠳᠡ ᠬᠦᠷᠭᠡᠭᠡᠳ ᠵᠠᠪᠰᠠᠷᠯᠠᠶ᠎ᠠ᠃ ᠪᠣᠯᠤᠷᠴᠠᠭᠠᠨ ᠴᠢ ᠬᠠᠷᠢᠭᠠᠳ ᠰᠠᠢᠨ ᠪᠣᠳᠣᠯᠬᠢᠯᠠᠵᠤ ᠪᠠᠢ! ᠭᠡᠰᠡᠨ ᠳ᠋ᠦ᠍ ᠬᠣᠶᠠᠷ ᠴᠠᠭᠳᠠᠭ᠎ᠠ ᠪᠣᠯᠤᠷᠴᠠᠭᠠᠨ ᠢ᠋ ᠠᠪᠤᠭᠠᠳ ᠭᠠᠷᠤᠯ᠎ᠠ᠃  

              ᠤᠩᠰᠢᠭᠰᠠᠨ ᠨᠢ ᠄ ᠴᠡᠴᠡᠭᠮ᠎ᠡ