ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠨᠢᠭᠡ > Хялгасан дөрөөн дээр – Хасвулаг зохиов <11>
ᠬᠢᠯᠭᠠᠰᠤᠨ ᠳᠥᠷᠥᠭᠡᠨ ᠳᠡᠭᠡᠷ᠎ᠡ - < ᠠᠷᠪᠠᠨ ᠨᠢᠭᠡ >
ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠤ᠋ ᠡᠮ ᠲᠣᠬᠢᠷᠠᠭᠤᠯᠤᠭᠴᠢ ᠡᠦ ᠹᠧᠩ ᠮᠧᠢ ᠭᠡᠭᠴᠢ ᠨᠡᠭᠡᠷᠡᠨ ᠴᠡᠪᠡᠷ ᠬᠡᠭᠡᠨᠴᠢᠷ ᠲᠥᠷᠥᠭᠰᠡᠨ ᠬᠥᠮᠦᠨ ᠪᠠᠢᠯ᠎ᠠ᠃
ᠬᠡᠳᠦᠢᠪᠡᠷ ᠭᠤᠴᠢᠨ ᠨᠠᠰᠤ ᠶ᠋ᠢ ᠥᠩᠭᠡᠷᠡᠭᠰᠡᠨ ᠴᠤ᠌ ᠪᠡᠶ᠎ᠡ ᠨᠢ ᠮᠠᠷᠢᠶᠠᠯᠠᠵᠤ᠂ ᠮᠠᠩᠨᠠᠢ ᠪᠣᠯᠤᠨ ᠵᠣᠪᠬᠢᠨ ᠳ᠋ᠤᠨᠢ ᠠᠲᠤᠷᠢᠶ᠎ᠠ ᠰᠠᠭᠤᠭᠰᠠᠨ ᠦᠭᠡᠢ᠃ ᠵᠤᠤᠪᠠᠩ ᠬᠡᠯᠪᠡᠷᠢᠲᠡᠢ ᠴᠠᠭᠠᠨ ᠴᠢᠷᠠᠢ ᠨᠢ ᠲᠤᠩᠭᠠᠯᠠᠭ ᠰᠠᠷ᠎ᠠ ᠰᠢᠭ᠋ ᠴᠡᠪᠡᠷᠬᠡᠨ ᠪᠠᠢᠵᠤ ᠦᠯᠦ ᠮᠡᠳᠡᠭᠳᠡᠮ᠎ᠡ ᠤᠯᠠᠭ᠎ᠠ ᠪᠤᠲᠠᠷᠠᠨ᠎ᠠ᠃ ᠨᠢᠮᠭᠡᠨ ᠤᠯᠠᠭᠠᠨ ᠤᠷᠤᠭᠤᠯ ᠤ᠋ᠨ ᠴᠠᠭᠠᠨ᠎ᠠ ᠠ᠋ᠴᠠ ᠯᠠᠪᠠᠢ ᠴᠠᠭᠠᠨ ᠳᠠᠪ ᠲᠡᠭᠰᠢ ᠰᠢᠳᠦ ᠦᠭᠡ ᠬᠡᠯᠡᠬᠦ ᠶ᠋ᠢ ᠨᠢ ᠳᠠᠭᠠᠯᠳᠤᠨ ᠢᠷᠠᠯᠵᠠᠨ ᠭᠠᠷᠴᠤ᠂ ᠤᠰᠬᠠᠯ ᠲᠤᠩᠭᠠᠯᠠᠭ ᠲᠣᠮᠣᠬᠠᠨ ᠬᠣᠶᠠᠷ ᠨᠢᠳᠦ ᠨᠢ ᠶᠠᠭ ᠯᠠ ᠬᠤᠨᠳᠠᠭᠠᠨ ᠳ᠋ᠤ᠌ ᠬᠢᠭᠰᠡᠨ ᠤᠰᠤᠨ ᠳᠣᠲᠣᠷ᠎ᠠ ᠬᠠᠷ᠎ᠠ ᠪᠤᠷᠴᠠᠭ ᠲᠣᠨᠣᠭᠰᠠᠨ ᠠᠳᠠᠯᠢ ᠬᠠᠷ᠎ᠠ ᠴᠠᠭᠠᠨ ᠨᠢ ᠢᠯᠭᠠᠷᠠᠵᠤ ᠮᠡᠯᠲᠡᠭᠡᠨᠡᠨ ᠲᠣᠷᠮᠣᠯᠵᠠᠬᠤ ᠠᠵᠢ᠃ ᠬᠡᠳᠦᠢᠪᠡᠷ ᠴᠢᠷᠠᠢ ᠳ᠋ᠤᠨᠢ ᠦᠯᠦ ᠮᠡᠳᠡᠭᠳᠡᠮ᠎ᠡ ᠭᠤᠨᠢᠭᠰᠢᠵᠤ ᠤᠢᠳᠤᠭᠰᠠᠨ ᠶᠠᠩᠵᠤ ᠬᠠᠷᠠᠭᠳᠠᠬᠤ ᠪᠣᠯᠪᠠᠴᠤ ᠲᠡᠷᠡ ᠨᠢ ᠢᠨᠢᠶᠡᠮᠰᠦᠭᠯᠡᠬᠦ ᠲᠡᠢ ᠵᠡᠷᠭᠡ ᠠᠷᠴᠢᠭᠳᠠᠨ ᠪᠠᠯᠠᠷᠠᠵᠤ ᠪᠠᠢᠪᠠ᠃
ᠲᠦᠪᠰᠢᠨ ᠡᠦ ᠹᠧᠩ ᠮᠧᠢ ᠶ᠋ᠢ ᠨᠡᠯᠢᠶᠡᠳ ᠤᠳᠠᠲᠠᠯ᠎ᠠ ᠬᠠᠷᠠᠭᠠᠳ᠄
— ᠪᠢᠳᠡ ᠪᠣᠯ ᠬᠣᠲᠠ ᠶ᠋ᠢᠨ ᠰᠢᠭᠦᠬᠦ ᠬᠣᠷᠢᠶᠠᠨ ᠤ᠋ ᠬᠢ᠃ ᠥᠨᠥᠳᠥᠷ ᠲᠠᠨ ᠲᠠᠢ ᠪᠠᠬᠠᠨ ᠶᠠᠷᠢᠯᠴᠠᠵᠤ ᠣᠢᠯᠠᠭᠠᠬᠤ ᠵᠦᠢᠯ ᠪᠣᠢ ᠭᠡᠯᠡ᠃
— ᠡᠭᠦᠨ ᠢ᠋ ᠪᠢ ᠠᠯᠢ ᠡᠷᠲᠡᠨ ᠡᠴᠡ ᠪᠠᠷᠤᠭᠯᠠᠵᠤ ᠪᠠᠢᠭᠰᠠᠨ ᠭᠡᠵᠦ ᠡᠦ ᠹᠧᠩ ᠮᠧᠢ ᠦᠭᠡ ᠶ᠋ᠢ ᠨᠢ ᠤᠭᠲᠤᠨ ᠬᠠᠷᠢᠭᠤᠯᠪᠠ᠃
ᠲᠦᠪᠰᠢᠨ ᠲᠡᠭᠦᠨ ᠢ᠋ ᠰᠣᠴᠢᠰᠬᠢᠨ ᠬᠠᠷᠠᠭᠠᠳ᠄
— ᠠ᠂ ᠶᠡᠬᠡ ᠰᠠᠢᠨ ᠪᠣᠯᠤᠯ᠎ᠠ᠃ ᠲᠡᠢᠮᠦ ᠪᠣᠯ ᠲᠠ ᠪᠢᠳᠡᠨ ᠦ᠌ ᠠᠰᠠᠭᠤᠯᠲᠠ ᠪᠦᠬᠦᠨ ᠳ᠋ᠦ᠍ ᠪᠦᠷᠢᠨ ᠭᠦᠢᠴᠡᠳ ᠬᠠᠷᠢᠭᠤᠯᠲᠠ ᠥᠭᠬᠦ ᠪᠠᠢᠬ᠎ᠠ᠃ ᠣᠷᠴᠢᠮ ᠲᠣᠬᠢᠶᠠᠯᠳᠤᠭᠰᠠᠨ ᠵᠠᠷᠢᠮ ᠠᠰᠠᠭᠤᠳᠠᠯ ᠢ᠋ ᠲᠠᠨ ᠠ᠋ᠴᠠ ᠣᠢᠯᠠᠭᠠᠬᠤ ᠴᠢᠬᠤᠯᠠ ᠲᠠᠢ ᠪᠣᠯᠤᠭᠠᠳ ᠡᠨᠳᠡ ᠢᠷᠡᠭᠰᠡᠨ ᠭᠡᠵᠦ ᠢᠨᠢᠶᠡᠮᠰᠦᠭᠯᠡᠪᠡ᠃
ᠡᠦ ᠹᠧᠩ ᠮᠧᠢ ᠲᠡᠳᠡᠨ ᠢ᠋ ᠨᠢᠭᠡ ᠬᠠᠷᠠᠵᠤ ᠠᠪᠤᠭᠠᠳ ᠳᠤᠭᠤᠢ ᠪᠣᠯᠴᠢᠬᠠᠪᠠ᠃ ᠲᠡᠭᠦᠨ ᠦ᠌ ᠬᠣᠶᠠᠷ ᠨᠢᠳᠦᠨ ᠦ᠌ ᠠᠨᠢᠪᠴᠢᠯᠠᠯ ᠠ᠋ᠴᠠ ᠨᠢ ᠦᠯᠦ ᠢᠲᠡᠭᠡᠬᠦ᠂ ᠰᠡᠵᠢᠭᠯᠡᠵᠦ ᠪᠠᠰᠤᠬᠤ ᠢᠯᠡᠷᠡᠯ ᠲᠣᠳᠣᠷᠠᠵᠤ ᠪᠠᠢᠯ᠎ᠠ᠃ ᠲᠡᠭᠡᠭᠡᠳ ᠲᠡᠷᠡ ᠠᠮᠠ ᠨᠡᠭᠡᠭᠡᠨ᠄
— ᠲᠦᠪᠰᠢᠨ ᠳᠠᠷᠤᠭ᠎ᠠ ᠠ᠋᠂ ᠪᠢ ᠠᠯᠢ ᠡᠷᠲᠡ ᠲᠠᠨ ᠤ᠋ ᠳᠠᠩᠰᠠᠨ ᠳ᠋ᠤ᠌ ᠣᠷᠣᠭᠰᠠᠨ ᠪᠠᠢᠬᠤ ᠶᠣᠰᠣᠲᠠᠢ᠃ ᠪᠣᠳᠣᠬᠤ ᠳ᠋ᠤ᠌ ᠲᠠ ᠨᠠᠳᠠ ᠠ᠋ᠴᠠ ᠪᠣᠯᠤᠷᠴᠠᠭᠠᠨ ᠤ᠋ ᠬᠡᠷᠡᠭ ᠲᠡᠢ ᠬᠣᠯᠪᠣᠭᠳᠠᠯ ᠪᠦᠬᠦᠢ ᠠᠰᠠᠭᠤᠳᠠᠯ ᠢ᠋ ᠣᠢᠯᠠᠭᠠᠬᠤ ᠪᠢᠵᠡ᠃ ᠬᠠᠤᠯᠢ ᠵᠠᠰᠠᠭ ᠤ᠋ᠨ ᠺᠠᠳ᠋ᠷ ᠤ᠋ᠳ ᠪᠣᠯᠤᠷᠴᠠᠭᠠᠨ ᠤ᠋ ᠬᠡᠷᠡᠭ ᠡᠴᠡ ᠥᠭᠡᠷ᠎ᠡ ᠤᠴᠢᠷ ᠢ᠋ᠶ᠋ᠠᠷ ᠨᠠᠳᠠ ᠲᠠᠢ ᠶᠠᠷᠢᠯᠴᠠᠬᠤ ᠪᠠᠷ ᠪᠠᠷᠤᠭ ᠢᠷᠡᠬᠦ ᠦᠭᠡᠢ ᠪᠠᠢᠬ᠎ᠠ᠃
— ᠲᠠ ᠮᠢᠨᠦ ᠨᠡᠷ᠎ᠡ ᠶ᠋ᠢ ᠮᠡᠳᠡᠵᠦ ᠪᠠᠢᠬᠤ ᠳ᠋ᠤ᠌ ᠶᠡᠬᠡ ᠲᠠᠯᠠᠷᠬᠠᠵᠤ ᠪᠠᠢᠨ᠎ᠠ᠃ ᠦᠨᠡᠨ ᠳᠦ ᠪᠡᠨ ᠳᠠᠷᠤᠭ᠎ᠠ ᠳᠤᠷᠠᠳᠤᠭᠤᠯᠤᠮᠠᠷ ᠵᠡᠷᠭᠡ ᠵᠢᠩᠰᠡ ᠨᠠᠳᠠ ᠪᠠᠢᠬᠤ ᠦᠭᠡᠢ᠃ ᠵᠥᠪᠬᠡᠨ᠁
— ᠬᠣᠲᠠᠨ ᠳᠤ ᠪᠠᠨ ᠠᠯᠳᠠᠷᠲᠠᠢ ᠲᠦᠪᠰᠢᠨ ᠳᠠᠷᠤᠭ᠎ᠠ ᠶ᠋ᠢ ᠬᠥᠮᠦᠨ ᠪᠦᠬᠦᠨ ᠲᠠᠨᠢᠬᠤ ᠶᠤᠮ ᠴᠢᠨᠢ ᠪᠢ ᠴᠤ᠌ ᠪᠠᠷᠤᠭᠯᠠᠬᠤ ᠪᠠᠢᠯ ᠦᠭᠡᠢ ᠃ ᠲᠠ ᠴᠢᠨᠢ ᠵᠡᠷᠭᠡ ᠵᠢᠩᠰᠡ ᠲᠡᠢ ᠬᠥᠮᠦᠨ᠃ ᠬᠠᠷᠠᠴᠤ ᠠᠷᠠᠳ ᠪᠢᠳᠡᠨ ᠢ᠋ ᠶᠠᠭᠠᠬᠢᠯ᠎ᠠ ᠭᠡᠵᠦ ᠨᠢᠳᠦᠨ ᠳᠦ ᠪᠡᠨ ᠬᠠᠪᠴᠢᠬᠤ ᠪᠣᠢ ᠳᠠ᠃ ᠡᠨᠡ ᠴᠤ᠌ ᠶᠠᠭᠠᠮᠠᠢ ᠪᠦᠷ ᠢᠯᠡᠭᠦᠦ ᠦᠭᠡ᠃ ᠪᠢ ᠪᠣᠳᠣᠬᠤ ᠳ᠋ᠤ᠌ ᠲᠠᠨᠠᠷ ᠪᠣᠯᠤᠷᠴᠠᠭᠠᠨ ᠤ᠋ ᠬᠡᠷᠡᠭ ᠢ᠋ ᠳᠠᠪᠲᠠᠨ ᠪᠠᠢᠴᠠᠭᠠᠬᠤ ᠳ᠋ᠤ᠌ ᠮᠢᠨᠦ ᠮᠠᠭᠤ ᠨᠡᠷ᠎ᠡ ᠬᠣᠯᠪᠣᠭᠳᠠᠭᠰᠠᠨ ᠪᠠᠢᠯ ᠦᠭᠡᠢ᠃
— ᠡᠢᠮᠦ ᠤᠴᠢᠷ ᠣᠭᠲᠣ ᠦᠭᠡᠢ᠃ ᠪᠢ ᠲᠠᠨ ᠤ᠋ ᠨᠡᠷ᠎ᠡ ᠶ᠋ᠢ ᠣᠷᠴᠢᠮᠬᠠᠨ ᠰᠣᠨᠣᠰᠴᠤ᠂ ᠬᠥᠮᠦᠨ ᠲᠡᠢ ᠨᠢ ᠣᠳᠣ ᠠᠩᠬ᠎ᠠ ᠠᠭᠤᠯᠵᠠᠵᠤ ᠪᠠᠢᠨ᠎ᠠ ᠰᠢᠦ᠃ ᠣᠢᠯᠠᠭᠠᠬᠤ ᠠᠰᠠᠭᠤᠳᠠᠯ ᠤ᠋ᠨ ᠲᠠᠯ᠎ᠠ ᠪᠠᠷ ᠪᠣᠯᠤᠷᠴᠠᠭᠠᠨ ᠲᠠᠢ ᠬᠣᠯᠪᠣᠭᠳᠠᠯ ᠲᠠᠢ ᠭᠡᠵᠦ ᠬᠡᠯᠡᠵᠦ ᠪᠣᠯᠤᠨ᠎ᠠ᠃ ᠦᠭᠡᠢ ᠭᠡᠵᠦ ᠬᠡᠯᠡᠵᠦ ᠴᠤ᠌ ᠪᠣᠯᠤᠨ᠎ᠠ᠃
— ᠾᠧᠩ᠂ ᠮᠢᠨᠦ ᠨᠡᠷ᠎ᠡ ᠬᠣᠯᠪᠣᠭᠳᠠᠬᠤ ᠦᠭᠡᠢ ᠭᠡᠵᠦ ᠦᠭᠡᠢᠰᠬᠡᠵᠦ ᠴᠤ᠌ ᠴᠢᠳᠠᠬᠤ ᠦᠭᠡᠢ᠃ ᠬᠠᠤᠯᠢ ᠴᠠᠭᠠᠵᠠ ᠶ᠋ᠢᠨ ᠺᠠᠳ᠋ᠷᠴᠤᠳ ᠮᠠᠨ ᠤ᠋ ᠬᠢ ᠪᠡᠷ ᠪᠣᠱᠣᠭ᠎ᠠ ᠡᠯᠡᠭᠡᠲᠡᠯ᠎ᠡ ᠢᠷᠡᠵᠦ ᠯᠠ ᠪᠠᠢᠭᠰᠠᠨ᠃ ᠲᠡᠭᠡᠭᠡᠳ ᠪᠠᠰᠠ ᠣᠯᠠᠨ ᠶᠠᠭᠤᠮ᠎ᠠ ᠬᠡᠯᠡᠭᠦᠯᠵᠦ ᠲᠡᠮᠳᠡᠭᠯᠡᠵᠦ ᠠᠪᠤᠭᠠᠳ ᠶᠠᠪᠤᠳᠠᠭ᠃ ᠲᠡᠳᠡᠭᠡᠷ ᠨᠢ ᠲᠠᠨ ᠤ᠋ ᠡᠪᠬᠡᠮᠡᠯ ᠳ᠋ᠦ᠍ ᠴᠤ᠌ ᠣᠷᠣᠭᠰᠠᠨ ᠪᠠᠢᠯ ᠦᠭᠡᠢ᠃ ᠨᠠᠮ᠎ᠠ ᠶᠢ ᠦᠬᠦᠭᠰᠡᠨ ᠦ᠌ ᠳᠠᠷᠠᠭ᠎ᠠ ᠴᠤ᠌ ᠲᠡᠷᠡ ᠮᠠᠭᠤ ᠬᠠᠷ᠎ᠠ ᠳᠠᠩᠰᠠ ᠬᠡᠴᠢᠨᠡᠭᠡᠨ ᠵᠢᠯ ᠬᠠᠳᠠᠭᠠᠯᠠᠭᠳᠠᠬᠤ ᠪᠣᠯ? ᠭᠡᠵᠦ ᠬᠦᠢᠲᠡᠮᠰᠦᠭ ᠬᠡᠯᠡᠯ᠎ᠡ᠃
ᠡᠨᠡ ᠡᠮᠡᠭᠲᠡᠢ ᠬᠠᠤᠯᠢ ᠴᠠᠭᠠᠵᠠ ᠶ᠋ᠢᠨ ᠺᠠᠳ᠋ᠷᠴᠤᠳ ᠲᠤ᠌ ᠳᠤᠷ᠎ᠠ ᠪᠤᠯᠭᠢᠬᠤ ᠪᠣᠯᠤᠭᠰᠠᠨ ᠨᠢ ᠪᠣᠯᠤᠷᠴᠠᠭᠠᠨ ᠤ᠋ ᠬᠡᠷᠡᠭ ᠦ᠋ᠨ ᠳᠠᠷᠠᠭ᠎ᠠ ᠶᠤᠮ᠃
ᠤᠳᠠᠭᠠᠨ ᠵᠢᠯ ᠦ᠋ᠨ ᠣᠢᠷ᠎ᠠ ᠳᠣᠲᠣᠨᠣ ᠬᠠᠷᠢᠴᠠᠭᠠᠨ ᠳᠤ ᠪᠠᠨ ᠰᠡᠳᠬᠢᠯ ᠱᠠᠷᠬᠢᠷᠠᠨ᠂ ᠪᠣᠯᠤᠷᠴᠠᠭᠠᠨ ᠤ᠋ ᠲᠥᠯᠥᠭᠡ ᠬᠠᠤᠯᠢ ᠴᠠᠭᠠᠵᠠ ᠶ᠋ᠢᠨ ᠠᠵᠢᠯᠲᠠᠨ ᠳ᠋ᠤ᠌ ᠬᠣᠷᠣᠰᠬᠤ ᠪᠣᠯᠤᠯ᠎ᠠ ᠭᠡᠬᠦ ᠪᠠᠷᠢᠮᠲᠠ ᠠᠷᠠᠢ ᠦᠭᠡᠢ ᠪᠠᠢᠭᠰᠠᠨ᠃ ᠬᠠᠷᠢᠨ ᠲᠡᠳᠡᠭᠡᠷ ᠲᠡᠮᠡᠷᠦᠨ ᠮᠠᠯᠠᠭᠠᠢᠲᠤ ᠠᠵᠢᠯᠲᠠᠨ ᠨᠤᠭᠤᠳ ᠳᠠᠬᠢᠨ ᠳᠠᠪᠲᠠᠨ ᠢᠷᠡᠵᠦ ᠰᠢᠷᠦᠭᠦᠨ ᠨᠢᠳᠦ ᠭᠠᠷᠭᠠᠨ᠂ ᠪᠣᠯᠤᠷᠴᠠᠭᠠᠨ ᠲᠡᠳᠡ ᠬᠣᠶᠠᠭᠤᠯᠠ ᠳ᠋ᠤ᠌ ᠶᠠᠮᠠᠷ ᠨᠢᠭᠡᠨ ᠢᠨᠠᠭ ᠬᠠᠯᠠᠭᠤᠨ ᠬᠠᠷᠢᠴᠠᠭ᠎ᠠ᠂ ᠨᠢᠭᠤᠴᠠ ᠪᠢᠲᠡᠭᠦᠦ ᠬᠤᠤᠪᠢᠯᠳᠤᠯᠭ᠎ᠠ ᠲᠠᠢ ᠪᠠᠢᠭᠰᠠᠨ ᠡᠰᠡᠬᠦ ᠶ᠋ᠢ ᠡᠷᠭᠢᠭᠦᠯᠵᠦ ᠲᠣᠭᠣᠷᠢᠭᠤᠯᠤᠨ᠂ ᠢᠯᠡ ᠳᠠᠯᠳᠠ ᠪᠠᠷ ᠮᠥᠷᠳᠡᠵᠦ ᠠᠰᠠᠭᠤᠬᠤ ᠳ᠋ᠤᠨᠢ ᠶᠠᠭ ᠦᠭᠡᠢ ᠭᠡᠰᠡᠨ ᠡᠰᠡᠷᠭᠦᠴᠡᠬᠦ ᠣᠪᠣᠷ ᠲᠠᠢ ᠪᠠᠢᠪᠠ᠃
ᠡᠳᠡᠭᠡᠷ ᠬᠥᠮᠦᠰ ᠴᠤ᠌ ᠬᠢᠯᠪᠠᠷ ᠢ᠋ᠶ᠋ᠠᠷ ᠢᠲᠡᠭᠡᠯ ᠠᠯᠳᠠᠬᠤ ᠪᠢᠰᠢ ᠪᠠᠢᠵᠠᠢ᠃
ᠲᠡᠭᠦᠨ ᠦ᠌ ᠣᠯᠠᠨᠲᠠ ᠬᠡᠯᠡᠭᠰᠡᠨ ᠦᠭᠡᠢ ᠭᠡᠬᠦ ᠬᠠᠷᠢᠭᠤᠯᠲᠠ ᠶ᠋ᠢ ᠡᠰᠡ ᠰᠣᠨᠣᠰᠤᠭᠰᠠᠨ ᠰᠢᠭ᠋ ᠦᠷᠭᠦᠯᠵᠢᠯᠡᠨ ᠨᠡᠬᠡᠮᠵᠢᠯᠡᠵᠦ᠂ ᠵᠠᠷᠢᠮ ᠳᠤ ᠪᠠᠨ ᠪᠠᠷᠤᠭ ᠯᠠ ᠠᠯᠪᠠᠳᠠᠮᠠᠷ ᠪᠣᠯᠵᠤ ᠠᠰᠠᠭᠤᠭᠰᠠᠭᠠᠷ ᠲᠡᠮᠳᠡᠭᠯᠡᠯ ᠦ᠋ᠨ ᠴᠠᠭᠠᠰᠤ ᠨᠢ ᠬᠤᠷᠤᠭᠤ ᠵᠤᠵᠠᠭᠠᠨ ᠪᠣᠯᠤᠭᠰᠠᠨ ᠳ᠋ᠤ᠌ ᠳᠤᠷ᠎ᠠ ᠲᠠᠢ ᠡᠰᠡᠬᠦ ᠶ᠋ᠢ ᠦᠯᠦ ᠬᠠᠮᠢᠶᠠᠷᠤᠨ ᠬᠤᠷᠤᠭᠤᠨ ᠣᠷᠣᠮ ᠢ᠋ ᠨᠢ ᠡᠪᠡᠳᠲᠡᠯᠡ ᠳᠠᠷᠤᠭᠤᠯᠬᠤ ᠳ᠋ᠤ᠌᠂ ᠴᠠᠭᠠᠨ᠎ᠠ ᠠ᠋ᠴᠠ ᠨᠢ ᠬᠣᠣᠷ ᠪᠤᠴᠠᠯᠤᠨ ᠪᠣᠯᠤᠷᠴᠠᠭᠠᠨ ᠴᠢᠮ᠎ᠠ ᠲᠠᠢ ᠬᠣᠨᠣᠭᠰᠠᠨ ᠪᠢᠵᠡ ᠭᠡᠵᠦ ᠮᠥᠷᠳᠡᠨ ᠰᠡᠵᠢᠭᠯᠡᠵᠦ ᠪᠠᠢᠬᠤ ᠰᠢᠭ᠋ ᠶᠠᠩᠵᠤ ᠶ᠋ᠢ ᠨᠢ ᠬᠠᠷᠠᠨ ᠰᠠᠨᠠᠭᠠᠨ ᠤ᠋ ᠮᠤᠬᠤᠷ ᠠ᠋ᠴᠠ ᠪᠠᠨ ᠵᠢᠭᠰᠢᠳᠡᠭ ᠪᠣᠯᠵᠠᠢ᠃
ᠭᠡᠲᠡᠯ᠎ᠡ ᠲᠦᠪᠰᠢᠨ ᠭᠤᠸᠠᠢ ᠲᠡᠭᠦᠨ ᠦ᠌ ᠠᠭᠤᠷ ᠲᠠᠢ ᠴᠢᠷᠠᠢ ᠶ᠋ᠢ ᠪᠠᠷᠤᠭᠯᠠᠭᠰᠠᠨ ᠴᠤ᠌ ᠴᠠᠭᠠᠳᠤᠬᠢ ᠰᠢᠯᠲᠠᠭᠠᠨ ᠢ᠋ ᠨᠢ ᠤᠬᠠᠬᠤ ᠦᠭᠡᠢ ᠪᠡᠷ ᠦᠭᠡ ᠪᠡᠨ ᠦᠷᠭᠦᠯᠵᠢᠯᠡᠭᠦᠯᠦᠭᠡᠳ᠄
— ᠲᠠ ᠶᠠᠭᠤ ᠭᠡᠵᠦ ᠣᠢᠯᠠᠭᠠᠭᠰᠠᠨ ᠴᠤ᠌ ᠬᠠᠮᠢᠶ᠎ᠠ ᠦᠭᠡᠢ ᠂ ᠪᠢᠳᠡ ᠠᠰᠠᠭᠤᠬᠤ ᠴᠢᠬᠤᠯᠠ ᠲᠠᠢ ᠵᠦᠢᠯ ᠢ᠋ᠶ᠋ᠡᠨ ᠮᠥᠨ ᠯᠡ ᠠᠰᠠᠭᠤᠬᠤ ᠶᠤᠮ ᠰᠢᠦ ᠳᠡ᠃ ᠬᠡᠷᠡᠭ ᠦ᠋ᠨ ᠡᠪᠬᠡᠮᠡᠯ ᠳ᠋ᠡᠬᠢ ᠪᠠᠢᠴᠠᠭᠠᠭᠰᠠᠨ ᠲᠡᠮᠳᠡᠭᠯᠡᠯ ᠦ᠋ᠳ ᠦ᠋ᠨ ᠵᠠᠷᠢᠮ ᠬᠣᠯᠪᠣᠭᠳᠠᠯ ᠦᠭᠡᠢ ᠤᠴᠢᠷ ᠪᠠ ᠭᠡᠷᠡᠴᠢ ᠨᠦ᠍ᠭᠦᠳ ᠢ᠋ ᠰᠢᠭᠦᠬᠦ ᠬᠣᠷᠢᠶᠠᠨ ᠳ᠋ᠤ᠌ ᠰᠢᠯᠵᠢᠭᠦᠯᠬᠦ ᠡᠴᠡ ᠡᠮᠦᠨ᠎ᠡ ᠪᠦᠷ ᠬᠠᠰᠤᠵᠤ ᠬᠠᠶᠠᠬᠤ ᠪᠣᠯᠤᠨ᠎ᠠ᠃ ᠵᠠᠪᠠᠯ ᠡᠪᠬᠡᠮᠡᠯ ᠳ᠋ᠦ᠍ ᠬᠠᠳᠠᠭᠠᠯᠠᠬᠤ ᠬᠡᠷᠡᠭ ᠦᠭᠡᠢ᠃ ᠭᠡᠲᠡᠯ᠎ᠡ ᠪᠢ ᠥᠨᠥᠳᠥᠷ ᠲᠠᠨ ᠠ᠋ᠴᠠ ᠪᠠᠬᠠᠨ ᠣᠢᠯᠠᠭᠠᠬᠤ ᠵᠦᠢᠯ ᠪᠣᠢ᠃ ᠡᠳᠡᠭᠡᠷ ᠢ᠋ ᠲᠠ ᠪᠣᠯᠤᠷᠴᠠᠭᠠᠨ ᠤ᠋ ᠬᠡᠷᠡᠭ ᠦ᠋ᠨ ᠲᠠᠯ᠎ᠠ ᠪᠠᠷ ᠦᠵᠡᠭᠰᠡᠨ ᠴᠤ᠌ ᠪᠣᠯᠤᠨ᠎ᠠ ᠃ ᠮᠢᠨᠦ ᠠᠵᠢᠯ ᠲᠤᠬᠠᠢᠯᠠᠯ ᠤ᠋ᠨ ᠬᠡᠷᠡᠭᠴᠡᠭᠡ ᠪᠡᠷ ᠪᠣᠯᠤᠭᠰᠠᠨ ᠭᠡᠵᠦ ᠣᠢᠯᠠᠭᠠᠵᠤ ᠴᠤ᠌ ᠪᠣᠯᠤᠨ᠎ᠠ᠃ ᠶᠠᠭᠤ ᠴᠤ᠌ ᠭᠡᠰᠡᠨ ᠭᠡᠳ ᠦᠭᠡ ᠪᠡᠨ ᠲᠠᠰᠤᠯᠪᠠᠯ ᠡᠦ ᠹᠧᠩ ᠮᠧᠢ ᠪᠠᠬᠠᠨ ᠳᠣᠷᠣᠭᠰᠢ ᠬᠠᠷᠠᠭᠰᠠᠨ ᠢ᠋ᠶ᠋ᠠᠨ ᠲᠡᠭᠦᠨ ᠦ᠌ ᠦᠭᠡ ᠶ᠋ᠢ ᠨᠢ ᠤᠭᠲᠤᠨ᠄
— ᠥᠩᠭᠡᠷᠡᠭᠰᠡᠨ ᠳ᠋ᠦ᠍ ᠬᠠᠤᠯᠢ ᠴᠠᠭᠠᠵᠠ ᠶ᠋ᠢᠨ ᠬᠠᠮᠢᠶ᠎ᠠ ᠪᠦᠬᠦᠢ ᠬᠥᠮᠦᠰ ᠨᠠᠮ᠎ᠠ ᠶᠢ ᠣᠯᠠᠨ ᠤᠳᠠᠭ᠎ᠠ ᠪᠠᠢᠴᠠᠭᠠᠵᠤ᠂ ᠪᠣᠯᠤᠷᠴᠠᠭᠠᠨ ᠪᠢᠳᠡ ᠬᠣᠶᠠᠭᠤᠯᠠ ᠶ᠋ᠢᠨ ᠬᠤᠪᠢ ᠶᠢᠨ ᠬᠠᠷᠢᠴᠠᠭ᠎ᠠ ᠶ᠋ᠢ ᠠᠰᠠᠭᠤᠵᠤ ᠯᠠ ᠮᠡᠳᠡᠭᠰᠡᠨ᠃ ᠪᠢ ᠬᠡᠴᠢᠨᠡᠭᠡᠨ ᠬᠠᠷᠢᠭᠤᠯᠵᠤ ᠲᠠᠢᠯᠪᠤᠷᠢᠯᠠᠭᠰᠠᠨ ᠴᠤ᠌ ᠲᠡᠳᠡᠨ ᠦ᠌ ᠰᠠᠨᠠᠭᠠᠨ ᠳ᠋ᠠᠬᠢ ᠰᠡᠵᠢᠭᠯᠡᠵᠦ ᠪᠠᠢᠭ᠎ᠠ ᠵᠦᠢᠯᠡᠰ ᠲᠦ᠍ ᠶᠡᠷᠦ ᠪᠦᠷᠢᠨ ᠲᠡᠭᠦᠯᠳᠡᠷ ᠬᠠᠷᠢᠭᠤᠯᠲᠠ ᠥᠭᠴᠦ ᠴᠢᠳᠠᠭᠰᠠᠨ ᠦᠭᠡᠢ ᠪᠣᠯᠤᠯᠲᠠᠢ᠃ ᠪᠦᠷ ᠯᠡ ᠢᠷᠡᠬᠦ ᠳᠦ ᠪᠡᠨ ᠢᠨᠢᠶᠡᠮᠰᠦᠭᠯᠡᠭᠰᠡᠨ ᠴᠢᠷᠠᠢ ᠲᠠᠢ᠂ ᠶᠠᠪᠤᠬᠤ ᠳᠤ ᠪᠠᠨ ᠶᠡᠬᠡ ᠯᠡ ᠳᠤᠷ᠎ᠠ ᠦᠭᠡᠢᠴᠡᠨ ᠤᠷᠤᠭᠤᠯ ᠨᠢ ᠤᠨᠵᠢᠢᠭᠠᠳ ᠭᠠᠷᠴᠠᠭᠠᠳᠠᠭ ᠶᠤᠮ᠃ ᠥᠨᠥᠳᠥᠷ ᠴᠤ᠌ ᠲᠠ ᠨᠠᠷ ᠤ᠋ᠨ ᠠᠰᠠᠭᠤᠯᠲᠠ ᠶ᠋ᠢ ᠬᠠᠩᠭᠠᠮᠵᠢᠲᠠᠢ ᠬᠠᠷᠢᠭᠤᠯᠵᠤ ᠳᠡᠢᠯᠦᠨ᠎ᠡ ᠭᠡᠬᠦ ᠶ᠋ᠢᠨ ᠠᠷᠭ᠎ᠠ ᠦᠭᠡᠢ᠃ ᠭᠡᠲᠡᠯ᠎ᠡ ᠪᠢ ᠦᠨᠡᠨ ᠰᠠᠨᠠᠭᠠᠨ ᠠ᠋ᠴᠠ ᠪᠠᠨ ᠬᠠᠤᠯᠢ ᠶ᠋ᠢᠨ ᠺᠠᠳ᠋ᠷᠴᠤᠳ ᠤ᠋ᠨ ᠰᠠᠨᠠᠭ᠎ᠠ ᠶ᠋ᠢ ᠬᠥᠰᠡᠷᠳᠡᠭᠦᠯᠬᠦ ᠳᠤᠷ᠎ᠠ ᠦᠭᠡᠢ᠂ ᠡᠳᠡᠭᠡᠷ ᠬᠥᠮᠦᠰ ᠰᠢᠷᠦᠭᠦᠨ ᠯᠡ ᠬᠠᠨᠳᠤᠳᠠᠭ ᠭᠡᠨ᠎ᠡ ᠪᠢᠯᠡ᠃ ᠪᠢ ᠬᠣᠵᠢᠮ ᠤ᠋ᠨ ᠵᠠᠮ ᠢ᠋ᠶ᠋ᠠᠨ ᠪᠣᠳᠣᠵᠤ ᠪᠠᠢᠨ᠎ᠠ ᠰᠢᠦ᠃ ᠲᠠ ᠨᠠᠷ ᠳᠤᠷ᠎ᠠ ᠪᠠᠷ ᠢ᠋ᠶ᠋ᠠᠨ ᠠᠰᠠᠭᠤᠭᠠᠷᠠᠢ ᠭᠡᠯᠡ᠃ ᠲᠦᠪᠰᠢᠨ ᠦ᠌ ᠨᠢᠭᠤᠷ ᠲᠤ᠌ ᠠᠭᠱᠠᠨ ᠵᠠᠭᠤᠷ᠎ᠠ ᠨᠢᠭᠡ ᠵᠦᠢᠯ ᠦ᠋ᠨ ᠳᠦᠷᠰᠦᠯᠡᠬᠦᠶᠡ ᠪᠡᠷᠬᠡ ᠪᠠᠢᠳᠠᠯ ᠢᠯᠡᠷᠡᠭᠰᠡᠨ ᠪᠣᠯᠪᠠᠴᠤ ᠬᠥᠮᠦᠨ ᠳ᠋ᠦ᠍ ᠮᠡᠳᠡᠭᠳᠡᠬᠦ ᠡᠴᠡ ᠡᠮᠦᠨ᠎ᠡ ᠵᠠᠮᠬᠠᠷᠠᠨ ᠠᠷᠢᠯᠵᠤ ᠬᠠᠷᠮᠠᠨ ᠠ᠋ᠴᠠ ᠪᠠᠨ ᠶᠠᠨᠵᠤᠤᠷ ᠭᠠᠷᠭᠠᠨ ᠨᠣᠴᠣᠭᠠᠬᠤ ᠶ᠋ᠢᠨ ᠳᠠᠭᠠᠤ᠄
— ᠲᠠᠨ ᠤ᠋ ᠡᠮ ᠲᠣᠬᠢᠷᠠᠭᠤᠯᠬᠤ ᠭᠡᠷ ᠲᠦ᠍ ᠬᠥᠮᠦᠰ ᠵᠥᠪᠰᠢᠶᠡᠷᠡᠯ ᠦᠭᠡᠢ ᠪᠡᠷ ᠣᠷᠣᠵᠤ ᠭᠠᠷᠳᠠᠭ ᠤᠤ? ᠭᠡᠵᠦ ᠵᠣᠭᠣᠭ ᠳᠡᠯᠭᠡᠬᠦ ᠰᠢᠭ ᠠᠰᠠᠭᠤᠯ᠎ᠠ᠃
— ᠭᠠᠳᠠᠨ᠎ᠠ ᠶ᠋ᠢᠨ ᠬᠥᠮᠦᠰ ᠣᠷᠣᠬᠤ ᠶ᠋ᠢ ᠴᠢᠩᠭ᠎ᠠ ᠴᠠᠭᠠᠵᠠᠯᠠᠳᠠᠭ᠃ ᠳᠣᠲᠣᠭᠠᠳᠤ ᠶᠢᠨ ᠠᠵᠢᠯᠲᠠᠨ ᠨᠤᠭᠤᠳ ᠢ᠋ ᠲᠡᠭᠡᠵᠦ ᠶᠡᠬᠡ ᠴᠠᠭᠠᠵᠠᠯᠠᠬᠤ ᠶ᠋ᠢᠨ ᠠᠷᠭ᠎ᠠ ᠦᠭᠡᠢ᠃ ᠦᠷᠭᠦᠯᠵᠢ ᠣᠷᠣᠵᠤ ᠢᠷᠡᠭᠡᠳ ᠪᠠᠢᠳᠠᠭ ᠭᠡᠵᠦ ᠡᠦ ᠹᠧᠩ ᠮᠧᠢ᠂ ᠬᠥᠮᠦᠨ ᠦ᠌ ᠠᠰᠠᠭᠤᠯᠲᠠ ᠶ᠋ᠢ ᠡᠰᠡ ᠮᠡᠳᠡᠭᠴᠢ ᠪᠣᠯᠤᠨ ᠬᠠᠷᠢᠭᠤᠯᠪᠠ᠃
— ᠡᠮ ᠣᠷᠣᠭᠤᠯᠬᠤ ᠭᠠᠷ ᠭᠦᠢᠴᠡᠳᠬᠡᠯ᠂ ᠳᠦᠷᠢᠮ ᠲᠣᠭᠲᠠᠭᠠᠯ ᠨᠢ ᠪᠦᠷᠢᠨ ᠭᠦᠢᠴᠡᠳ ᠤᠤ? ᠭᠡᠵᠦ ᠲᠦᠪᠰᠢᠨ ᠬᠠᠮᠢᠶ᠎ᠠ ᠦᠭᠡᠢ ᠵᠦᠢᠯ ᠢ᠋ ᠭᠣᠬᠠᠳᠠᠨ ᠠᠰᠠᠭᠤᠪᠠ᠃
— ᠶᠡᠷᠦ ᠯᠡ ᠪᠦᠷᠢᠨ ᠭᠦᠢᠴᠡᠳ ᠪᠠᠢᠬᠤ ᠳᠠ᠃ ᠪᠠᠷᠠᠭᠳᠠᠰᠢ ᠦᠭᠡᠢ ᠭᠠᠷ ᠭᠦᠢᠴᠡᠳᠬᠡᠯ᠂ ᠳᠠᠭᠤᠰᠤᠰᠢ ᠦᠭᠡᠢ ᠳᠦᠷᠢᠮ ᠲᠣᠭᠲᠠᠭᠠᠯ ᠤ᠋ᠳ ᠵᠠᠯᠭᠠᠯᠳᠤᠵᠤ ᠯᠠ ᠪᠠᠢᠳᠠᠭ ᠭᠡᠵᠦ ᠡᠦ ᠹᠧᠩ ᠮᠧᠢ ᠪᠠᠰᠤᠬᠤ ᠠᠶᠠᠰ ᠢ᠋ᠶ᠋ᠠᠷ ᠰᠤᠨᠵᠢᠷᠠᠭᠤᠯᠤᠨ ᠬᠡᠯᠡᠪᠡ᠃
— ᠡᠮ ᠭᠠᠷᠭᠠᠭᠰᠠᠨ ᠵᠣᠷ ᠢ᠋ᠶ᠋ᠠᠷ ᠥᠩᠭᠡᠷᠡᠭᠰᠡᠨ ᠦ᠌ ᠨᠢᠭᠡ ᠬᠣᠶᠠᠷ ᠵᠢᠯ ᠳ᠋ᠦ᠍ ᠣᠷᠣᠭᠤᠯᠤᠭᠰᠠᠨ ᠡᠮ ᠢ᠋ ᠪᠠᠢᠴᠠᠭᠠᠨ ᠭᠠᠷᠭᠠᠵᠤ ᠳᠡᠢᠯᠦᠨ᠎ᠡ ᠤᠤ?
ᠡᠦ ᠹᠧᠩ ᠮᠧᠢ᠂ ᠲᠦᠪᠰᠢᠨ ᠢ᠋ ᠪᠠᠬᠠᠨ ᠬᠠᠷᠠᠭᠰᠠᠨ ᠢ᠋ᠶ᠋ᠠᠨ᠄
— ᠶᠡᠬᠡ ᠲᠥᠯᠥᠪ ᠮᠠᠭᠠᠳ ᠦᠭᠡᠢ᠃ ᠨᠠᠷᠢᠨ ᠭᠠᠷᠭᠠᠵᠤ ᠯᠠᠪ ᠳᠡᠢᠯᠬᠦ ᠦᠭᠡᠢ᠃ ᠤᠴᠢᠷ ᠨᠢ ᠵᠣᠷ ᠦᠭᠡᠢ ᠪᠡᠷ ᠭᠠᠷᠭᠠᠵᠤ ᠪᠠᠢᠬᠤ ᠡᠮ ᠳᠠᠩᠴᠤ ᠠᠷᠪᠢᠨ ᠭᠡᠵᠦ ᠨᠡᠯᠢᠶᠡᠳ ᠤᠳᠠᠭᠠᠳ ᠰᠠᠶᠢ ᠡᠭ ᠮᠡᠭ ᠬᠠᠷᠢᠭᠤᠯᠪᠠ᠃
— ᠴᠢᠬᠤᠯᠠ ᠡᠮ ᠪᠤᠶᠤ ᠬᠡᠷᠡᠭᠯᠡᠬᠦ ᠶ᠋ᠢ ᠬᠢᠵᠠᠭᠠᠷᠯᠠᠵᠤ ᠪᠠᠢᠭ᠎ᠠ ᠡᠮ ᠢ᠋ ᠪᠠᠢᠴᠠᠭᠠᠵᠤ ᠭᠠᠷᠭᠠᠵᠤ ᠳᠡᠢᠯᠦᠨ᠎ᠡ ᠤᠤ? ᠭᠡᠵᠦ ᠲᠦᠪᠰᠢᠨ ᠭᠡᠨᠡᠳᠲᠡ ᠠᠰᠠᠭᠤᠯ᠎ᠠ᠃ ᠡᠦ ᠹᠧᠩ ᠮᠧᠢ᠄
— ᠡᠭᠦᠨ ᠢ᠋ ᠪᠣᠯ ᠳᠡᠢᠯᠬᠦ ᠶᠣᠰᠣᠲᠠᠢ᠃ ᠦᠨᠡᠨ ᠳ᠋ᠡᠭᠡᠨ ᠳᠠᠪᠬᠤᠷ ᠳᠠᠪᠬᠤᠷ ᠭᠠᠷ ᠭᠦᠢᠴᠡᠳᠬᠡᠯ ᠲᠡᠢ ᠶᠦᠮ ᠭᠡᠵᠦ ᠪᠣᠳᠣᠰᠬᠢᠨ ᠬᠠᠷᠢᠭᠤᠯᠤᠯ᠎ᠠ᠃
— ᠲᠠᠨ ᠤ᠋ ᠡᠮ ᠲᠣᠬᠢᠷᠠᠭᠤᠯᠬᠤ ᠭᠡᠷ ᠢ᠋ ᠵᠣᠬᠢᠶᠠᠨ ᠪᠠᠢᠭᠤᠯᠤᠯᠲᠠ ᠠ᠋ᠴᠠ ᠦᠷᠭᠦᠯᠵᠢ ᠪᠠᠢᠴᠠᠭᠠᠳᠠᠭ ᠤᠤ?
— ᠪᠠᠢᠴᠠᠭᠠᠬᠤ ᠴᠤ᠌ ᠪᠠᠢᠴᠠᠭᠠᠳᠠᠭ᠃ ᠭᠡᠪᠡᠴᠦ ᠪᠠᠷᠤᠭ ᠪᠦᠷ ᠨᠡᠷ᠎ᠡ ᠲᠡᠳᠦᠢ ᠯᠡ ᠪᠠᠢᠳᠠᠭ᠃
ᠡᠳᠡᠨ ᠦ᠌ ᠶᠠᠷᠢᠯᠴᠠᠭ᠎ᠠ ᠪᠠᠴᠢᠮ ᠴᠢᠩᠭ᠎ᠠ ᠠᠭᠤᠷ ᠠᠮᠢᠰᠬᠤᠯ ᠤ᠋ᠨ ᠳᠤᠮᠳᠠ ᠶᠠᠪᠤᠭᠳᠠᠵᠤ ᠪᠠᠢᠯ᠎ᠠ᠃
ᠲᠦᠪᠰᠢᠨ ᠠᠰᠠᠭᠤᠯᠲᠠ ᠪᠦᠷᠢ ᠳ᠋ᠡᠭᠡᠨ ᠡᠷᠡᠮᠡᠯᠵᠡᠯ ᠦ᠋ᠨ ᠰᠡᠳᠬᠢᠯᠭᠡ ᠶ᠋ᠢ ᠡᠪᠦᠷᠯᠡᠵᠦ ᠪᠠᠢᠬᠤ ᠳ᠋ᠤ᠌᠂ ᠡᠨᠡ ᠡᠮᠡᠭᠲᠡᠢ ᠬᠠᠷᠢᠭᠤᠯᠬᠤ ᠪᠣᠯᠭᠠᠨ ᠠᠯᠭᠠᠰᠠᠯ ᠦᠭᠡᠢ ᠪᠣᠳᠣᠯᠬᠢᠯᠠᠨ᠂ ᠰᠡᠷᠡᠮᠵᠢᠯᠡᠨ ᠬᠢᠴᠢᠶᠡᠭᠰᠡᠨ ᠬᠠᠷᠠᠴᠠ ᠨᠢᠳᠦᠨ ᠳ᠋ᠦ᠍ᠨᠢ ᠲᠣᠳᠣᠬᠠᠨ ᠢᠯᠡᠷᠡᠵᠦ ᠪᠠᠢᠯ᠎ᠠ᠃
ᠳᠠᠷᠠᠭ᠎ᠠ ᠨᠢ ᠲᠦᠪᠰᠢᠨ ᠲᠡᠭᠦᠨ ᠡᠴᠡ ᠡᠮᠨᠡᠯᠭᠡ ᠶ᠋ᠢᠨ ᠬᠣᠷᠢᠶ᠎ᠠ ᠮᠢᠨᠴᠦᠭᠦᠷᠡᠭᠦᠯᠬᠦ ᠡᠮ A ᠭᠤᠷᠪᠠᠳᠤᠭᠠᠷ ᠢ᠋ ᠦᠷᠭᠦᠯᠵᠢ ᠬᠡᠷᠡᠭᠯᠡᠳᠡᠭ ᠡᠰᠡᠬᠦ ᠶ᠋ᠢ ᠠᠰᠠᠭᠤᠭᠰᠠᠨ ᠳ᠋ᠤ᠌ ᠡᠦ ᠹᠧᠩ ᠮᠧᠢ ᠴᠣᠬᠣᠮ ᠪᠣᠯᠭᠣᠮᠵᠢ ᠦᠭᠡᠢ ᠡᠴᠡ ᠶᠦᠮ ᠤᠤ? ᠡᠰᠡᠪᠡᠯ ᠰᠡᠳᠬᠢᠯ ᠦ᠋ᠨ ᠴᠠᠭᠠᠳᠤᠬᠢ ᠴᠡᠭᠡᠷᠯᠡᠯ ᠢ᠋ ᠨᠢ ᠬᠥᠨᠳᠡᠭᠡᠭᠰᠡᠨ ᠡᠴᠡ ᠴᠤ᠌ ᠪᠣᠯᠪᠠ ᠤᠤ? ᠤᠰᠬᠠᠯ ᠲᠤᠩᠭᠠᠯᠠᠭ ᠲᠣᠮᠣ ᠨᠢᠳᠦᠨ ᠡᠴᠡ ᠨᠢ ᠠᠭᠤᠷ ᠤ᠋ᠨ ᠣᠴᠢ ᠪᠠᠳᠠᠷᠠᠨ᠄
— ᠡᠮ ᠶᠦᠮ ᠴᠢᠨᠢ ᠬᠡᠷᠡᠭᠯᠡᠬᠦ ᠯᠡ ᠪᠠᠢᠯ ᠦᠭᠡᠢ᠃ ᠭᠡᠪᠡᠴᠦ ᠬᠣᠷᠢᠶᠠᠨ ᠳᠠᠷᠤᠭ᠎ᠠ ᠭᠣᠣᠯᠯᠠᠭᠴᠢ ᠡᠮᠴᠢ ᠨᠠᠷ ᠭᠠᠷ ᠤ᠋ᠨ ᠦᠰᠦᠭ ᠢ᠋ᠶ᠋ᠡᠨ ᠵᠢᠷᠤᠪᠠᠯ ᠭᠠᠷᠭᠠᠬᠤ ᠶᠤᠮ ᠰᠢᠦ ᠭᠡᠵᠦ ᠴᠢᠩᠭ᠎ᠠ ᠬᠡᠯᠡᠭᠰᠡᠨ ᠦᠭᠡᠨ ᠳ᠋ᠦ᠍ᠨᠢ ᠵᠠᠨᠤᠵᠤ ᠪᠠᠢᠭ᠎ᠠ ᠨᠢ ᠢᠯᠡᠬᠡᠨ ᠮᠡᠳᠡᠭᠳᠡᠵᠦ ᠪᠠᠢᠯ᠎ᠠ᠃
ᠲᠦᠪᠰᠢᠨ ᠲᠡᠭᠦᠨ ᠦ᠌ ᠬᠣᠣᠷ ᠪᠤᠴᠠᠯᠤᠭᠰᠠᠨ ᠴᠢᠷᠠᠢ ᠠ᠋ᠴᠠ ᠨᠢ ᠥᠪᠡᠷ ᠦ᠋ᠨ ᠬᠢᠨᠢ ᠠᠰᠠᠭᠤᠯᠲᠠ ᠬᠡᠮᠵᠢᠭᠦᠷ ᠢ᠋ᠶ᠋ᠡᠨ ᠠᠯᠳᠠᠭᠰᠠᠨ ᠢ᠋ ᠪᠠᠷᠤᠭᠯᠠᠭᠰᠠᠨ ᠴᠤ᠌ ᠶᠠᠭᠠᠬᠢᠭᠠᠳ ᠢᠩᠭᠢᠵᠦ ᠡᠪ ᠬᠠᠪᠤ ᠦᠭᠡᠢ ᠠᠰᠠᠭᠤᠭᠰᠠᠨ ᠢ᠋ᠶ᠋ᠠᠨ ᠥᠪᠡᠷ ᠢ᠋ᠶ᠋ᠡᠨ ᠴᠤ᠌ ᠮᠡᠳᠡᠬᠦ ᠦᠭᠡᠢ ᠪᠣᠯᠪᠠ᠃
ᠲᠡᠷᠡ ᠤᠳᠠᠭᠠᠨ ᠤ᠋ ᠰᠠᠨᠠᠭᠠᠨ ᠠ᠋ᠴᠠ ᠭᠠᠳᠠᠨᠠᠬᠢ ᠡᠳᠦᠷ ᠦ᠋ᠨ ᠲᠡᠮᠳᠡᠭᠯᠡᠯ ᠡᠴᠡ ᠪᠠᠷᠤᠭᠯᠠᠪᠠᠯ ᠡᠦ ᠹᠧᠩ ᠮᠧᠢ ᠶ᠋ᠢ ᠬᠠᠤᠯᠢ ᠴᠠᠭᠠᠵᠠ ᠶ᠋ᠢᠨ ᠠᠵᠢᠯᠲᠠᠨ ᠣᠯᠠᠨ ᠤᠳᠠᠭ᠎ᠠ ᠣᠨᠴᠠᠭᠠᠢ ᠠᠷᠭ᠎ᠠ ᠲᠤᠷᠰᠢᠯᠲᠠ ᠪᠠᠷ ᠪᠠᠢᠴᠠᠭᠠᠵᠤ ᠥᠩᠭᠡᠷᠡᠰᠡᠨ ᠨᠢ ᠦᠨᠡᠨ ᠶᠦᠮ᠃
ᠡᠦ ᠹᠧᠩ ᠮᠧᠢ ᠶ᠋ᠢᠨ ᠲᠤᠬᠠᠢ ᠲᠦᠪᠰᠢᠨ ᠦ᠌ ᠣᠢᠯᠠᠭᠠᠭᠰᠠᠨ ᠢ᠋ᠶ᠋ᠠᠷ ᠪᠣᠯ᠂ ᠵᠠᠪᠰᠢᠶᠠᠨ ᠲᠠᠭᠠᠷᠠᠭᠤᠯᠤᠨ ᠵᠣᠭᠣᠰ ᠭᠠᠷᠭᠠᠯ ᠦᠭᠡᠢ ᠡᠮ ᠠᠪᠬᠤ ᠭᠡᠳ ᠡᠰᠡ ᠪᠦᠲᠦᠬᠦ ᠳᠦ ᠪᠡᠨ ᠦᠰ ᠪᠠᠷᠢᠭᠰᠠᠨ ᠲᠡᠷᠡ ᠨᠢᠭᠡ ᠰᠤᠪᠢᠯᠠᠭᠴᠢ᠂ ᠡᠦ ᠹᠧᠩ ᠮᠧᠢ ᠶ᠋ᠢ ᠮᠠᠭᠤ ᠶ᠋ᠢ ᠨᠢ ᠦᠵᠡᠵᠦ ᠮᠣᠳᠣ ᠶ᠋ᠢ ᠨᠢ ᠰᠤᠢᠷᠠᠭᠤᠯᠬᠤ ᠪᠠᠷ ᠬᠡᠵᠢᠶ᠎ᠡ ᠴᠤ᠌ ᠭᠡᠰᠡᠨ ᠮᠠᠭᠤ ᠰᠠᠨᠠᠭᠠᠨ ᠤ᠋ ᠦᠵᠦᠭᠦᠷ ᠡᠴᠡ ᠬᠠᠷᠠᠵᠤ ᠶᠠᠪᠤᠳᠠᠭ᠃
ᠲᠡᠷᠡ ᠰᠤᠪᠢᠯᠠᠭᠴᠢ ᠨᠢᠭᠡ ᠤᠳᠠᠭ᠎ᠠ ᠪᠠᠰᠠ ᠯᠠ ᠳᠠᠳᠤᠭᠰᠠᠨ ᠵᠠᠩ ᠢ᠋ᠶ᠋ᠠᠨ ᠬᠠᠶᠠᠯ ᠦᠭᠡᠢ ᠳᠠᠬᠢᠭᠠᠳ ᠨᠢᠭᠡ ᠬᠠᠭᠤᠷᠮᠠᠭ ᠨᠡᠷ᠎ᠡ ᠶ᠋ᠢᠨ ᠵᠢᠷᠤᠭᠠᠰᠤ ᠲᠠᠢ ᠡᠮ ᠠᠪᠬᠤ ᠵᠣᠷ ᠠᠪᠤᠭᠠᠳ ᠢᠷᠡᠬᠦ ᠳ᠋ᠦ᠍᠂ ᠡᠦ ᠹᠧᠩ ᠮᠧᠢ ᠲᠡᠷᠡ ᠰᠤᠪᠢᠯᠠᠭᠴᠢ ᠳ᠋ᠤ᠌ ᠵᠣᠷ ᠢ᠋ ᠨᠢ ᠪᠠᠷᠢᠭᠤᠯᠤᠨ ᠣᠯᠠᠨ ᠤ᠋ ᠳᠤᠮᠳᠠᠭᠤᠷ ᠲᠠᠭᠤᠭᠰᠠᠭᠠᠷ ᠬᠣᠷᠢᠶᠠᠨ ᠳᠠᠷᠤᠭ᠎ᠠ ᠳ᠋ᠤ᠌ ᠬᠦᠷᠭᠡᠵᠦ ᠰᠢᠢᠳᠬᠡᠭᠦᠯᠵᠦ ᠣᠷᠬᠢᠪᠠ᠃
ᠡᠨᠡ ᠰᠤᠪᠢᠯᠠᠭᠴᠢ ᠣᠯᠠᠨ ᠤ᠋ ᠳᠤᠮᠳᠠ ᠪᠠᠢᠴᠠᠭᠠᠯᠲᠠ ᠬᠢᠭᠰᠡᠨ ᠪᠠ ᠪᠦᠬᠦᠯᠢ ᠰᠠᠷ᠎ᠠ ᠶ᠋ᠢᠨ ᠱᠠᠩᠨᠠᠯ ᠢ᠋ᠶ᠋ᠠᠨ ᠬᠠᠰᠤᠭᠤᠯᠤᠭᠰᠠᠨ ᠨᠢ ᠪᠠᠭ᠎ᠠ ᠬᠡᠷᠡᠭ᠃ ᠡᠮᠴᠢ ᠶ᠋ᠢᠨ ᠨᠡᠷ᠎ᠡ ᠶ᠋ᠢ ᠳᠠᠭᠤᠷᠢᠶᠠᠨ ᠪᠢᠴᠢᠵᠦ ᠵᠢᠵᠢᠭ ᠲᠠᠮᠠᠭ᠎ᠠ ᠬᠠᠭᠤᠷᠮᠠᠭᠯᠠᠨ ᠰᠡᠢᠯᠦᠭᠰᠡᠨ ᠡᠷᠳᠡᠮ ᠨᠢ ᠰᠦᠷᠡᠬᠡᠢ ᠰᠢᠪᠰᠢᠭ ᠪᠣᠯᠵᠤ ᠪᠦᠬᠦ ᠬᠣᠷᠢᠶᠠᠨ ᠤ᠋ ᠠᠵᠢᠯᠲᠠᠨ ᠤ᠋ ᠳᠤᠮᠳᠠ ᠳᠡᠭᠡᠭᠰᠢ ᠬᠠᠷᠠᠬᠤ ᠨᠢᠭᠤᠷ ᠦᠭᠡᠢ ᠪᠣᠯᠤᠭᠰᠠᠨ ᠮᠥᠷᠲᠡᠭᠡᠨ ᠨᠡᠩ ᠴᠤ᠌ ᠡᠦ ᠹᠧᠩ ᠮᠧᠢ ᠶ᠋ᠢ ᠦᠷᠭᠦᠯᠵᠢ ᠮᠠᠭᠤᠯᠠᠬᠤ ᠪᠠᠢᠲᠤᠭᠠᠢ ᠴᠢᠷᠠᠢ ᠶ᠋ᠢ ᠨᠢ ᠠᠰᠯᠠᠨ ᠬᠠᠷᠠᠬᠤ ᠵᠢᠷᠦᠬᠡ ᠦᠭᠡᠢ ᠪᠣᠯᠵᠠᠢ᠃
ᠬᠣᠶᠠᠷ ᠰᠠᠷ᠎ᠠ ᠶ᠋ᠢᠨ ᠬᠢᠨᠢ ᠳᠠᠷᠠᠭ᠎ᠠ ᠲᠡᠷᠡ ᠰᠤᠪᠢᠯᠠᠭᠴᠢ ᠲᠡᠷᠭᠡᠨ ᠡᠨᠳᠡᠯ ᠢ᠋ᠶ᠋ᠡᠷ ᠠᠮᠢ ᠪᠠᠨ ᠠᠯᠳᠠᠬᠤ ᠳ᠋ᠤ᠌ ᠡᠩ ᠦ᠋ᠨ ᠦᠶ᠎ᠡ ᠶ᠋ᠢᠨ ᠵᠢᠭᠲᠡᠢ ᠳᠣᠲᠣᠨᠣ ᠨᠠᠢᠵᠠ ᠨᠠᠷ ᠨᠢ ᠦᠭᠡᠨ ᠵᠣᠭᠣᠭ ᠪᠣᠯᠭᠠᠬᠤ ᠠ᠋ᠴᠠ ᠪᠢᠰᠢ ᠵᠣᠪᠠᠮᠠᠷ ᠰᠡᠳᠬᠢᠯ ᠲᠡᠢ ᠬᠥᠮᠦᠨ ᠦᠭᠡᠢ ᠪᠠᠢᠪᠠ᠃ ᠬᠠᠷᠢᠨ ᠰᠢᠷᠦᠭᠦᠨ ᠣᠪᠣᠷ ᠢ᠋ᠶ᠋ᠠᠷ ᠬᠠᠨᠳᠤᠭᠰᠠᠨ ᠡᠦ ᠹᠧᠩ ᠮᠧᠢ ᠪᠠᠷᠤᠭ ᠯᠠ ᠰᠠᠳᠤᠨ ᠢ᠋ᠶ᠋ᠠᠨ ᠠᠯᠳᠠᠭᠰᠠᠨ ᠰᠢᠭ᠋ ᠨᠢᠳᠦ ᠪᠡᠨ ᠬᠠᠪᠤᠳᠲᠠᠯ᠎ᠠ ᠤᠬᠢᠯᠠᠵᠤ᠂ ᠮᠠᠷᠭᠠᠰᠢ ᠨᠢ ᠰᠠᠷ᠎ᠠ ᠶ᠋ᠢᠨ ᠴᠠᠯᠢᠩ ᠢ᠋ᠶ᠋ᠠᠨ ᠳᠥᠩᠭᠡᠵᠦ ᠠᠪᠤᠮᠠᠭᠴᠠ ᠰᠣᠬᠣᠷ ᠵᠣᠭᠣᠰ ᠦᠯᠡᠳᠡᠭᠡᠯ ᠦᠭᠡᠢ ᠪᠡᠷ ᠥᠨᠥᠴᠢᠷᠡᠭᠰᠡᠨ ᠬᠡᠦᠬᠡᠨ ᠳ᠋ᠦ᠍ᠨᠢ ᠭᠠᠷᠳᠠᠭᠤᠯᠬᠤ ᠳ᠋ᠤ᠌᠂ ᠡᠨᠡ ᠯᠠᠪ ᠡᠬᠡᠨᠡᠷ ᠦ᠋ᠨ ᠮᠢᠨᠢ ᠠᠮᠢᠳᠤ ᠦᠶ᠎ᠡ ᠶ᠋ᠢᠨ ᠬᠠᠮᠤᠭ ᠤ᠋ᠨ ᠳᠣᠲᠣᠨᠣ ᠨᠠᠢᠵᠠ ᠨᠢ ᠪᠠᠢᠬ᠎ᠠ ᠭᠡᠵᠦ ᠡᠷᠡᠭᠲᠡᠢ ᠨᠢ ᠣᠰᠣᠯ ᠦᠭᠡᠢ ᠪᠣᠳᠣᠭᠰᠠᠨ ᠪᠠᠢᠨ᠎ᠠ᠃
ᠲᠦᠪᠰᠢᠨ ᠡᠳᠡᠭᠡᠷ ᠤᠴᠢᠷ ᠢ᠋ ᠢᠷᠡᠬᠦ ᠡᠴᠡ ᠪᠡᠨ ᠡᠮᠦᠨ᠎ᠡ ᠪᠦᠷ ᠮᠡᠳᠡᠭᠰᠡᠨ ᠪᠠᠢᠯ᠎ᠠ᠃
ᠡᠭᠦᠨ ᠡᠴᠡ ᠭᠠᠳᠠᠨ᠎ᠠ ᠦᠵᠡᠰᠬᠦᠯᠡᠩ ᠦ᠋ᠨ ᠬᠣᠣᠷᠯᠠᠭᠳᠠᠭᠰᠠᠨ ᠶᠠᠪᠤᠳᠠᠯ ᠳ᠋ᠤ᠌ ᠡᠦ ᠹᠧᠩ ᠮᠧᠢ ᠬᠣᠯᠪᠣᠭᠳᠠᠬᠤ ᠤᠴᠢᠷ ᠠᠷᠠᠢ ᠦᠭᠡᠢ ᠪᠠᠢᠵᠤ᠂ ᠬᠡᠷᠡᠭ ᠭᠠᠷᠤᠭᠰᠠᠨ ᠲᠡᠷᠡ ᠣᠷᠣᠢ ᠶ᠋ᠢᠨ ᠵᠢᠷᠭᠤᠭᠠᠨ ᠴᠠᠭ ᠲᠤ᠌ ᠭᠡᠷ ᠲᠤ ᠪᠠᠨ ᠬᠠᠷᠢᠵᠤ ᠢᠷᠡᠭᠰᠡᠨ ᠪᠣᠯᠪᠠᠴᠤ ᠡᠢᠮᠦ ᠲᠡᠢᠮᠦ ᠣᠨᠴᠠᠭᠠᠢ ᠢᠯᠡᠷᠡᠯ ᠣᠭᠲᠣ ᠪᠠᠢᠭᠰᠠᠨ ᠦᠭᠡᠢ ᠭᠡᠳᠡᠭ᠃
ᠥᠨᠥᠳᠥᠷ ᠲᠦᠪᠰᠢᠨ ᠵᠥᠪᠬᠡᠨ ᠡᠦ ᠹᠧᠩ ᠮᠧᠢ ᠲᠡᠢ ᠠᠭᠤᠯᠵᠠᠵᠤ ᠲᠠᠨᠢᠯᠴᠠᠭᠠᠳ ᠪᠣᠯᠤᠷᠴᠠᠭᠠᠨ ᠤ᠋ ᠶᠠᠪᠤᠳᠠᠯ ᠤ᠋ᠨ ᠲᠤᠬᠠᠢ ᠡᠳᠦᠢ ᠲᠡᠳᠦᠢ ᠦᠵᠦᠭᠦᠷ ᠰᠡᠵᠢᠭᠦᠷ ᠦ᠋ᠨ ᠦᠭᠡ ᠰᠣᠨᠣᠰᠬᠤ ᠪᠣᠯᠪᠠ ᠤᠤ ᠭᠡᠰᠡᠨ ᠪᠣᠳᠣᠯ ᠲᠠᠢ ᠢᠷᠡᠭᠰᠡᠨ ᠶᠦᠮ᠃ ᠣᠳᠣ ᠪᠣᠯᠬᠤ ᠳ᠋ᠤ᠌ ᠡᠦ ᠹᠧᠩ ᠮᠧᠢ ᠶ᠋ᠢᠨ ᠴᠢᠷᠠᠢ ᠪᠠᠷᠤᠢᠨ ᠦᠷᠭᠦᠯᠵᠢᠯᠡᠨ ᠬᠡᠯᠡᠯᠴᠡᠭᠰᠡᠨ ᠴᠤ᠌ ᠠᠰᠢᠭ ᠦᠭᠡᠢ ᠰᠢᠨᠵᠢ ᠲᠡᠢ ᠪᠣᠯᠬᠤ ᠳ᠋ᠤ᠌ ᠲᠦᠪᠰᠢᠨ ᠶᠠᠷᠢᠶ᠎ᠠ ᠪᠠᠨ ᠵᠣᠭᠰᠣᠭᠠᠬᠤ ᠪᠠᠷ ᠰᠢᠢᠳᠴᠦ᠄
— ᠥᠨᠥᠳᠥᠷ ᠪᠢᠳᠡ ᠡᠨᠳᠡ ᠬᠦᠷᠲᠡᠯ᠎ᠡ ᠶᠠᠷᠢᠯᠴᠠᠶ᠎ᠠ᠃ ᠶᠡᠬᠡ ᠶᠠᠷᠰᠢᠭ ᠲᠠᠲᠠᠯ᠎ᠠ᠃ ᠠᠭᠤᠴᠢᠯᠠᠭᠠᠷᠠᠢ᠂ ᠡᠦ ᠹᠧᠩ ᠮᠧᠢ ᠨᠥᠬᠥᠷ ᠠ᠋ ᠭᠡᠪᠡᠯ ᠪᠠᠰᠠ ᠶᠠᠭᠠᠬᠢᠲᠠᠯᠠ ᠪᠠᠨ ᠰᠢᠷᠭᠠᠭᠠᠬᠤ ᠪᠢᠯᠡ ᠤᠤ ᠭᠡᠵᠦ ᠪᠣᠳᠣᠵᠤ ᠪᠠᠢᠭᠰᠠᠨ ᠡᠦ ᠹᠧᠩ ᠮᠧᠢ ᠳ᠋ᠦ᠍ ᠡᠨᠡ ᠬᠦ᠌ ᠬᠤᠪᠠ ᠰᠢᠷ᠎ᠠ ᠴᠢᠷᠠᠢ ᠲᠠᠢ ᠬᠠᠤᠯᠢ ᠶ᠋ᠢᠨ ᠳᠠᠷᠤᠭ᠎ᠠ ᠰᠣᠨᠢᠬᠠᠨ ᠰᠢᠭ᠋ ᠰᠠᠨᠠᠭᠳᠠᠯ᠎ᠠ᠃ ᠦᠭᠡ ᠠᠶᠠᠯᠭᠤ᠂ ᠠᠰᠠᠭᠤᠯᠲᠠ ᠭᠣᠭᠴᠣᠭ᠎ᠠ ᠲᠠᠲᠠᠬᠤ ᠳᠡᠭᠡᠷ᠎ᠡ ᠬᠠᠤᠯᠢ ᠶ᠋ᠢᠨ ᠣᠯᠠᠩᠬᠢ ᠺᠠᠳ᠋ᠷᠴᠤᠳ ᠤ᠋ᠨ ᠬᠡᠳᠡᠷ ᠳᠡᠭᠡᠷᠡᠩᠭᠦᠢ᠂ ᠠᠯᠪᠠᠲᠠᠨ ᠰᠢᠬᠠᠮᠳᠠᠭᠤᠯᠳᠠᠭ ᠵᠠᠩ ᠲᠡᠭᠦᠨ ᠳ᠋ᠦ᠍ ᠪᠠᠢᠭᠰᠠᠨ ᠦᠭᠡᠢ᠃ ᠬᠠᠷᠢᠨ ᠶᠠᠭ ᠯᠠ ᠬᠠᠭᠤᠴᠢᠨ ᠳᠠᠨᠨᠢᠯ ᠲᠠᠢ ᠪᠠᠨ ᠶᠠᠷᠢᠯᠴᠠᠵᠤ ᠪᠠᠢᠬᠤ ᠰᠢᠭ᠋ ᠬᠠᠯᠠᠭᠤᠨ ᠳᠣᠲᠣᠨᠣ ᠰᠡᠳᠬᠢᠭᠳᠡᠯ ᠥᠭᠴᠦ ᠪᠠᠢᠯ᠎ᠠ᠃
ᠡᠦ ᠹᠧᠩ ᠮᠧᠢ ᠳᠣᠲᠣᠷ᠎ᠠ ᠪᠠᠨ 《ᠶᠠᠮᠠᠷ ᠡᠷᠢᠶᠡᠨ ᠲᠡᠢ ᠭᠠᠢᠬᠠᠯ ᠪᠣᠢ? ᠶᠠᠭᠠᠬᠢᠭᠠᠳ ᠪᠤᠯᠤᠷᠴᠠᠭᠠᠨ ᠤ᠋ ᠲᠤᠬᠠᠢ ᠶᠠᠭᠤ ᠴᠤ᠌ ᠠᠰᠠᠭᠤᠬᠤ ᠦᠭᠡᠢ ᠪᠣᠢ? ᠵᠥᠪᠬᠡᠨ ᠪᠣᠯᠣᠯᠴᠠᠭᠠᠨ ᠤ᠋ ᠡᠮᠡᠭᠲᠡᠢ ᠬᠣᠣᠷᠯᠠᠭᠳᠠᠭᠰᠠᠨ ᠢ᠋ ᠴᠢ ᠬᠡᠳᠦᠢ ᠳ᠋ᠦ᠍ ᠣᠯᠵᠤ ᠰᠣᠨᠣᠰᠤᠭᠰᠠᠨ ᠪᠣᠢ ᠭᠡᠵᠦ ᠠᠰᠠᠭᠤᠯ᠎ᠠ ᠰᠢᠦ᠃ ᠮᠠᠷᠭᠠᠰᠢ ᠥᠷᠯᠥᠭᠡ ᠨᠢ ᠪᠦᠬᠦ ᠬᠣᠲᠠ ᠪᠠᠷ ᠢ᠋ᠶ᠋ᠠᠨ ᠱᠤᠤᠭᠢᠭᠰᠠᠨ ᠴᠢᠮᠡᠭᠡ ᠶ᠋ᠢ ᠰᠣᠨᠣᠷ ᠮᠠᠭᠤᠲᠠᠢ ᠪᠢ ᠴᠤ᠌ ᠣᠯᠵᠤ ᠰᠣᠨᠣᠰᠤᠭᠰᠠᠨ ᠭᠡᠵᠦ ᠬᠠᠷᠢᠭᠤᠯᠤᠭᠰᠠᠨ ᠨᠢ ᠥᠩᠭᠡᠷᠡᠦ ᠬᠡᠭᠵᠢᠭᠦᠨ ᠪᠣᠯᠤᠭᠰᠠᠨ ᠪᠣᠯᠪᠠ ᠤᠤ》 ᠭᠡᠵᠦ ᠪᠣᠳᠣᠭᠰᠠᠭᠠᠷ ᠪᠣᠰᠴᠤ ᠵᠣᠭᠰᠣᠬᠤ ᠶ᠋ᠢᠨ ᠳᠠᠭᠠᠤ 《ᠲᠠᠯᠠᠷᠬᠠᠯ᠎ᠠ》 ᠭᠡᠵᠦ ᠦᠯᠦ ᠰᠣᠨᠣᠰᠳᠠᠮ᠎ᠠ ᠳᠠᠭᠤ ᠪᠠᠷ ᠬᠡᠯᠡᠪᠡ᠃
ᠲᠡᠷᠡ ᠵᠥᠪᠬᠡᠨ ᠲᠦᠪᠰᠢᠨ ᠢ᠋ ᠡᠭᠦᠳᠡ ᠭᠠᠷᠲᠠᠯ᠎ᠠ ᠦᠳᠡᠭᠡᠳ ᠭᠠᠷ ᠠᠳᠬᠤᠨ ᠰᠠᠯᠤᠯᠴᠠᠬᠤ ᠳᠤ ᠪᠠᠨ᠄
— ᠲᠦᠪᠰᠢᠨ ᠳᠠᠷᠤᠭ᠎ᠠ ᠠ᠋᠂ ᠮᠢᠨᠦ ᠪᠣᠳᠣᠬᠤ ᠪᠠᠷ ᠲᠠ ᠬᠣᠵᠢᠮ ᠪᠠᠰᠠ ᠨᠠᠮ᠎ᠠ ᠶᠢ ᠡᠷᠢᠵᠦ ᠢᠷᠡᠬᠦ ᠪᠠᠢᠬ᠎ᠠ ᠭᠡᠯᠡ᠃
— ᠶᠠᠭᠠᠬᠢᠭᠠᠳ?
— ᠨᠠᠳᠠ ᠡᠢᠮᠦ ᠨᠢᠭᠡ ᠪᠣᠳᠣᠯ ᠲᠥᠷᠥᠭᠳᠡᠭᠡᠳ ᠪᠠᠢᠨ᠎ᠠ᠃ ᠭᠡᠪᠡᠴᠦ ᠬᠣᠵᠢᠮ ᠤᠴᠢᠷ ᠲᠠᠢ ᠪᠣᠯᠪᠠᠯ ᠪᠢ ᠴᠤ᠌ ᠲᠠᠨ ᠢ᠋ ᠡᠷᠢᠵᠦ ᠣᠴᠢᠬᠤ ᠮᠠᠭᠠᠳ ᠦᠭᠡᠢ ᠭᠡᠬᠦ ᠶ᠋ᠢ ᠨᠢ ᠰᠣᠨᠣᠰᠤᠭᠠᠳ ᠲᠦᠪᠰᠢᠨ ᠲᠡᠭᠦᠨ ᠢ᠋ ᠤᠳᠠᠲᠠᠯ᠎ᠠ ᠰᠢᠷᠳᠡᠭᠰᠡᠨ ᠢ᠋ᠶ᠋ᠡᠨ᠄
— ᠡᠦ ᠹᠧᠩ ᠮᠧᠢ ᠨᠥᠬᠥᠷ ᠠ᠋᠂ ᠥᠨᠥᠳᠥᠷ ᠲᠠᠨ ᠲᠠᠢ ᠡᠬᠢᠯᠡᠵᠦ ᠶᠠᠷᠢᠯᠴᠠᠬᠤ ᠳ᠋ᠤ᠌ ᠶᠠᠭ ᠨᠢᠭᠡ ᠭᠠᠵᠠᠷ ᠠᠭᠤᠯᠵᠠᠵᠤ ᠥᠩᠭᠡᠷᠡᠭᠰᠡᠨ ᠰᠢᠭ ᠰᠠᠨᠠᠭᠳᠠᠭᠰᠠᠨ ᠶᠤᠮ᠃ ᠣᠳᠣ ᠰᠠᠨᠠᠭᠠᠨ ᠳ᠋ᠤ᠌ ᠣᠷᠣᠯ᠎ᠠ᠃ ᠤᠤᠯ ᠨᠢ ᠬᠡᠳᠦᠨ ᠭᠠᠷᠠᠭ ᠤ᠋ᠨ ᠡᠮᠦᠨ᠎ᠡ ᠪᠣᠯᠤᠷᠴᠠᠭᠠᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠵᠤ ᠠᠪᠴᠢᠷᠠᠭᠰᠠᠨ ᠲᠡᠷᠡ ᠡᠳᠦᠷ ᠪᠢᠳᠡ ᠳ᠋ᠢᠶᠠᠩᠬᠤᠸᠠ ᠪᠠᠷ ᠶᠠᠷᠢᠯᠴᠠᠭᠰᠠᠨ ᠰᠢᠲᠠ᠃ ᠥᠨᠥᠳᠥᠷ ᠪᠢᠳᠡ ᠲᠠᠨ ᠢ᠋ ᠡᠷᠢᠵᠦ ᠢᠷᠡᠭᠰᠡᠨ ᠨᠢ ᠦᠨᠡᠬᠡᠷ ᠲᠠᠨ ᠤ᠋ ᠤᠷᠢᠳᠴᠢᠯᠠᠨ ᠪᠣᠳᠣᠭᠰᠠᠨ ᠪᠣᠳᠣᠯ ᠠ᠋ᠴᠠ ᠭᠠᠷᠤᠭ᠎ᠠ ᠦᠭᠡᠢ ᠪᠢᠵᠡ᠃ ᠪᠣᠳᠣᠬᠤ ᠳ᠋ᠤ᠌ ᠬᠣᠵᠢᠮ ᠴᠤ᠌ ᠲᠠᠨ ᠤ᠋ ᠪᠣᠳᠣᠭᠰᠠᠨ ᠠ᠋ᠴᠠ ᠭᠠᠷᠬᠤ ᠦᠭᠡᠢ ᠪᠠᠢᠬ᠎ᠠ᠃ ᠨᠡᠭᠡᠷᠡᠨ ᠬᠤᠷᠴᠠ ᠰᠡᠷᠭᠡᠭ ᠮᠠᠭᠠᠳᠯᠠᠯ ᠭᠡᠵᠦ ᠲᠦᠪᠰᠢᠨ ᠭᠤᠸᠠᠢ ᠬᠡᠯᠡᠭᠡᠳ ᠲᠣᠯᠣᠭᠠᠢ ᠰᠡᠭᠰᠦᠷᠦᠨ ᠢᠨᠢᠶᠡᠮᠰᠦᠭᠯᠡᠯ᠎ᠡ᠃
ᠡᠦ ᠹᠧᠩ ᠮᠧᠢ ᠲᠣᠯᠣᠭᠠᠢ ᠳᠠᠷᠤᠨ᠄
— ᠠᠢ᠂ ᠶᠠᠭᠤ ᠭᠡᠵᠦ ᠬᠡᠯᠡᠨ᠎ᠡ ᠳᠡ ᠭᠡᠳ ᠪᠡᠶ᠎ᠡ ᠡᠷᠭᠢᠨ ᠭᠡᠷ ᠲᠤ ᠪᠠᠨ ᠣᠷᠣᠯ᠎ᠠ᠃
ᠤᠩᠰᠢᠭᠰᠠᠨ ᠨᠢ ᠄ ᠴᠡᠴᠡᠭᠮ᠎ᠡ
