ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢ> Хялгасан дөрөөн дээр – Хасвулаг зохиов <20> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢ> Хялгасан дөрөөн дээр – Хасвулаг зохиов <20>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢ> Хялгасан дөрөөн дээр – Хасвулаг зохиов <20>

ᠠᠩᠭᠢᠯᠠᠯ:ᠲᠤᠭᠤᠵᠢ ᠷᠣᠮᠠᠨ
2026-01-30

126

ᠬᠢᠯᠭᠠᠰᠤᠨ ᠳᠥᠷᠥᠭᠡᠨ ᠳᠡᠭᠡᠷ᠎ᠡ -<ᠬᠣᠷᠢ>


                ᠬᠣᠷᠢ 

       ᠡᠦ ᠹᠧᠩ ᠮᠧᠢ ᠭᠡᠨᠡᠳᠲᠡ ᠠᠯᠪᠠᠨ ᠭᠡᠷ ᠲᠦ᠋ᠨᠢ ᠬᠦᠷᠴᠦ ᠢᠷᠡᠭᠰᠡᠨ ᠶᠠᠪᠤᠳᠠᠯ ᠲᠦᠪᠰᠢᠨ ᠳ᠋ᠦ᠍ ᠶᠡᠬᠡ ᠰᠣᠨᠢᠨ ᠰᠠᠨᠠᠭᠳᠠᠵᠠᠢ᠃  ᠲᠢᠩᠬᠢᠮ ᠦ᠋ᠨ ᠳᠠᠷᠤᠭ᠎ᠠ ᠶ᠋ᠢᠨ ᠠᠯᠪᠠᠨ ᠭᠡᠷ ᠲᠦ᠍ ᠡᠷᠡᠭᠲᠡᠢ ᠡᠮᠡᠭᠲᠡᠢ ᠵᠣᠴᠢᠳ ᠬᠠᠶᠠ ᠣᠷᠣᠵᠤ ᠭᠠᠷᠳᠠᠭ ᠨᠢ ᠰᠣᠨᠢᠨ ᠳ᠋ᠤ᠌ ᠲᠣᠭᠠᠴᠠᠭᠳᠠᠬᠤ ᠦᠭᠡᠢ ᠨᠢ ᠮᠡᠳᠡᠭᠡᠵᠢ ᠶ᠋ᠢᠨ ᠬᠡᠷᠡᠭ᠃  ᠭᠡᠪᠡᠴᠦ ᠦᠳᠡ ᠶ᠋ᠢᠨ ᠬᠣᠢᠨ᠎ᠠ ᠶ᠋ᠢᠨ ᠴᠢᠯᠥᠭᠡ ᠪᠡᠷ ᠡᠦ ᠹᠧᠩ ᠮᠧᠢ ᠶ᠋ᠢ ᠡᠷᠢᠵᠦ ᠶᠠᠷᠢᠯᠴᠠᠬᠤ ᠪᠠᠷ ᠪᠣᠳᠣᠵᠤ ᠪᠠᠢᠲᠠᠯ᠎ᠠ ᠥᠪᠡᠷ ᠢ᠋ᠶ᠋ᠡᠨ ᠬᠦᠷᠦᠭᠡᠳ ᠢᠷᠡᠭᠰᠡᠨ ᠳ᠋ᠦ᠍ ᠲᠦᠪᠰᠢᠨ ᠦ᠌ ᠳᠣᠲᠣᠷ᠎ᠠ ᠵᠠ᠂ ᠶᠠᠭ ᠲᠠᠭᠠᠷᠠᠯ᠎ᠠ ᠭᠡᠬᠦ ᠪᠣᠳᠣᠯ ᠣᠷᠣᠭᠰᠠᠨ ᠦᠭᠡᠢ᠃  ᠬᠠᠷᠢᠨ ᠠᠵᠢᠯ ᠲᠤᠬᠠᠢᠯᠠᠯ ᠤ᠋ᠨ ᠢ᠋ᠶ᠋ᠠᠨ ᠬᠡᠪᠰᠢᠭᠰᠡᠨ ᠵᠠᠩ ᠢ᠋ᠶ᠋ᠠᠷ ᠲᠡᠷᠡ ᠡᠦ ᠹᠧᠩ ᠮᠧᠢ ᠶ᠋ᠢᠨ ᠡᠨᠡ ᠢᠷᠡᠭᠰᠡᠨ ᠢ᠋ ᠰᠡᠵᠢᠭᠯᠡᠵᠦ ᠪᠠᠢᠯ᠎ᠠ᠃  
       ᠭᠡᠲᠡᠯ᠎ᠡ ᠡᠳᠡ ᠬᠣᠶᠠᠭᠤᠯᠠ ᠬᠡᠳᠦᠢ ᠳᠣᠲᠣᠷ᠎ᠠ ᠪᠠᠨ ᠶᠠᠭᠤ ᠪᠣᠳᠣᠵᠤ᠂ ᠬᠣᠭᠣᠷᠣᠨᠳᠣ ᠪᠠᠨ ᠶᠠᠭᠠᠬᠢᠵᠤ ᠰᠡᠷᠡᠮᠵᠢᠯᠡᠵᠦ ᠪᠠᠢᠭᠰᠠᠨ ᠴᠤ᠌ ᠶᠠᠷᠢᠯᠴᠠᠭ᠎ᠠ ᠨᠢ ᠶᠡᠬᠡ ᠲᠣᠭᠲᠠᠭᠤᠨ ᠮᠥᠷᠲᠡᠭᠡᠨ ᠡᠩ ᠦ᠋ᠨ ᠠᠭᠤᠷ ᠠᠮᠢᠰᠬᠤᠯ ᠳᠤᠮᠳᠠ ᠡᠬᠢᠯᠡᠵᠡᠢ᠃ 
       — ᠠ᠋! ᠡᠦ ᠹᠧᠩ ᠮᠧᠢ ᠨᠥᠬᠥᠷ ᠠ᠋᠂ ᠲᠠᠨ ᠢ᠋ ᠡᠨᠳᠡ ᠢᠷᠡᠨ᠎ᠡ ᠭᠡᠵᠦ ᠶᠠᠭ ᠪᠣᠳᠣᠵᠤ ᠣᠯᠤᠭᠰᠠᠨ ᠦᠭᠡᠢ᠃ ᠲᠠ ᠰᠠᠭᠤ ᠭᠡᠳ ᠲᠦᠪᠰᠢᠨ ᠲᠡᠭᠦᠨ ᠳ᠋ᠦ᠍ ᠴᠠᠢ ᠪᠠᠷᠢᠯ᠎ᠠ᠃ 
       — ᠪᠣᠳᠣᠬᠤ ᠳ᠋ᠤ᠌᠂ ᠮᠢᠨᠦ ᠢᠷᠡᠭᠰᠡᠨ ᠨᠢ ᠲᠠᠨ ᠤ᠋ ᠣᠴᠢᠵᠤ ᠡᠷᠢᠬᠦ ᠶ᠋ᠢ ᠳᠥᠭᠥᠮᠴᠢᠯᠡᠭᠰᠡᠨ ᠪᠢᠵᠡ᠃
       — ᠡᠭᠦᠨ ᠢ᠋ ᠶᠠᠭᠠᠬᠢᠵᠤ ᠲᠠᠢᠯᠪᠤᠷᠢᠯᠠᠨ᠎ᠠ ᠪᠣᠢ?
       — ᠲᠠ ᠨᠠᠷ ᠮᠢᠨᠦ ᠲᠤᠬᠠᠢ ᠪᠠᠢᠴᠠᠭᠠᠭᠠᠳ ᠣᠳᠣ ᠪᠠᠷᠤᠭ ᠭᠡᠷᠡᠴᠢ ᠪᠠᠷᠢᠮᠲᠠ ᠪᠠᠨ ᠪᠦᠷᠢᠳᠦᠭᠦᠯᠦᠭᠰᠡᠨ ᠪᠠᠢᠯᠭᠦᠢ᠃ ᠣᠳᠣ ᠥᠪᠡᠷ ᠢ᠋ᠶ᠋ᠡᠨ ᠢᠷᠡᠵᠦ ᠵᠠᠷᠢᠮ ᠶᠠᠪᠤᠳᠠᠯ ᠢ᠋ᠶ᠋ᠠᠨ ᠲᠤᠰᠢᠶᠠᠬᠤ ᠴᠠᠭ ᠪᠣᠯᠵᠤ ᠪᠠᠢᠨ᠎ᠠ ᠭᠡᠵᠦ ᠪᠣᠳᠣᠭᠠᠳ ᠪᠢ ᠢᠷᠡᠭᠰᠡᠨ ᠶᠦᠮ᠃ 
       ᠦᠵᠡᠰᠬᠦᠯᠡᠩ ᠢ᠋ ᠬᠣᠣᠷᠯᠠᠭᠳᠠᠬᠤ ᠶ᠋ᠢᠨ ᠡᠮᠦᠨ᠎ᠡ ᠬᠣᠢᠨ᠎ᠠ ᠪᠣᠯᠤᠷᠴᠠᠭᠠᠨ ᠲᠠᠢ ᠳᠠᠯᠳᠠᠭᠤᠷ ᠭᠠᠷ ᠬᠥᠯ ᠨᠡᠢᠯᠡᠳᠡᠭ ᠭᠤᠷᠪᠠᠳᠤᠭᠠᠷ ᠡᠲᠡᠭᠡᠳ ᠭᠡᠵᠦ ᠬᠥᠮᠦᠰ ᠲᠦ᠍ ᠬᠡᠯᠡᠭᠳᠡᠳᠡᠭ ᠡᠨᠡ ᠡᠮᠡᠭᠲᠡᠢ᠂ ᠪᠣᠯᠤᠷᠴᠠᠭᠠᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠭᠳᠠᠭᠰᠠᠨ ᠳᠠᠷᠤᠢ ᠳ᠋ᠤ᠌ ᠳ᠋ᠢᠶᠠᠩᠬᠤᠸᠠ ᠢᠷᠡᠭᠦᠯᠦᠭᠰᠡᠨ ᠨᠢ ᠲᠦᠪᠰᠢᠨ ᠳ᠋ᠦ᠍ ᠶᠡᠬᠡ ᠰᠡᠵᠢᠭ ᠲᠡᠢ ᠰᠠᠨᠠᠭᠳᠠᠵᠤ ᠪᠢᠯᠡ᠃  
       ᠬᠣᠵᠢᠮ ᠨᠢ ᠲᠦᠪᠰᠢᠨ ᠡᠨᠡ ᠡᠮᠡᠭᠲᠡᠢ ᠲᠡᠢ ᠠᠭᠤᠯᠵᠠᠵᠤ ᠶᠠᠷᠢᠯᠴᠠᠵᠤ ᠪᠠᠢᠭᠠᠳ᠂ ᠪᠣᠯᠤᠷᠴᠠᠭᠠᠨ ᠡᠨᠡ ᠬᠣᠶᠠᠷ ᠤ᠋ᠨ ᠳᠤᠮᠳᠠ ᠴᠣᠬᠣᠮ ᠲᠥᠪ  ᠪᠤᠰᠤ ᠬᠠᠷᠢᠴᠠᠭ᠎ᠠ ᠪᠠᠢᠨ᠎ᠠ ᠤᠤ ᠦᠭᠡᠢ ᠤᠤ? ᠭᠡᠳᠡᠭ ᠢ᠋ ᠣᠯᠵᠤ ᠮᠡᠳᠡᠶ᠎ᠡ ᠭᠡᠵᠦ ᠬᠦᠰᠡᠵᠦ ᠪᠠᠢᠪᠠ᠃  ᠭᠡᠲᠡᠯ᠎ᠡ ᠢᠩᠭᠢᠭᠡᠳ ᠭᠡᠨᠡᠳᠲᠡᠬᠡᠨ ᠡᠮᠦᠨ᠎ᠡ ᠨᠢ ᠢᠷᠡᠭᠡᠳ ᠰᠠᠭᠤᠴᠢᠬᠠᠬᠤᠯᠠᠷ ᠴᠣᠬᠣᠮ ᠬᠠᠮᠢᠭ᠎ᠠ ᠠ᠋ᠴᠠ ᠨᠢ ᠡᠬᠢᠯᠡᠭᠦᠯᠬᠦ ᠪᠡᠨ ᠣᠯᠵᠤ ᠶᠠᠳᠠᠵᠠᠢ᠃  
       ᠲᠡᠭᠡᠭᠡᠳ ᠪᠠᠰᠠ ᠪᠠᠬᠠᠨ ᠡᠰᠡ ᠮᠡᠳᠡᠭᠴᠢ ᠳᠦᠷᠢ ᠭᠠᠷᠭᠠᠬᠤ ᠴᠢᠬᠤᠯᠠ ᠲᠠᠢ ᠭᠡᠵᠦ ᠲᠦᠪᠰᠢᠨ ᠳ᠋ᠦ᠍ ᠰᠠᠨᠠᠭᠳᠠᠨ᠎ᠠ᠃  ᠡᠦ ᠹᠧᠩ ᠮᠧᠢ ᠴᠤ᠌ ᠰᠢᠭᠦᠬᠦ ᠬᠣᠷᠢᠶᠠᠨ ᠤ᠋ ᠪᠠᠢᠴᠠᠭᠠᠯᠲᠠ ᠶ᠋ᠢ ᠶᠡᠬᠡ ᠠᠩᠬᠠᠷᠤᠨ ᠰᠤᠷᠠᠭᠯᠠᠵᠤ ᠪᠠᠢᠳᠠᠭ ᠪᠣᠯᠤᠯᠲᠠᠢ᠃  
       ᠲᠡᠭᠦᠨ ᠦ᠌ ᠲᠤᠬᠠᠢ ᠪᠠᠢᠴᠠᠭᠠᠯᠲᠠ ᠪᠠᠨ ᠦᠨᠳᠦᠰᠦᠨ ᠳᠦ ᠪᠡᠨ ᠪᠠᠷᠠᠯ᠎ᠠ ᠪᠢᠵᠡ ᠭᠡᠵᠦ ᠨᠢᠭᠤᠷ ᠨᠢᠳᠦ ᠦᠭᠡᠢ ᠲᠤᠯᠭᠠᠬᠤ ᠨᠢ ᠭᠡᠵᠦ ᠲᠦᠪᠰᠢᠨ ᠢ᠋ ᠡᠯᠳᠡᠪ ᠢ᠋ ᠪᠣᠳᠣᠵᠤ ᠪᠠᠢᠲᠠᠯ᠎ᠠ ᠡᠦ ᠹᠧᠩ ᠮᠧᠢ᠄ 
       — ᠲᠦᠪᠰᠢᠨ ᠳᠠᠷᠤᠭ᠎ᠠ ᠠ᠋᠂ ᠨᠠᠷᠢᠨ ᠪᠣᠳᠣᠭᠠᠳ ᠪᠠᠢᠬᠤ ᠳ᠋ᠤ᠌ ᠲᠠᠨᠠᠷ ᠤ᠋ᠨ ᠬᠦᠴᠦ ᠲᠠᠯᠪᠢᠨ ᠪᠠᠢᠴᠠᠭᠠᠬᠤ ᠨᠢ ᠪᠤᠯᠤᠷᠴᠠᠭᠠᠨ ᠪᠢᠳᠡ ᠬᠣᠶᠠᠭᠤᠯᠠ ᠶ᠋ᠢᠨ ᠡᠩ ᠦ᠋ᠨ ᠦᠶ᠎ᠡ ᠶ᠋ᠢᠨ ᠠᠮᠢᠳᠤᠷᠠᠯ ᠤ᠋ᠨ ᠰᠤᠷᠲᠠᠯ ᠤ᠋ᠨ ᠠᠰᠠᠭᠤᠳᠠᠯ ᠪᠠᠢᠬ᠎ᠠ᠃ ᠡᠨᠡᠬᠡᠨ ᠬᠡᠷᠡᠭ ᠳᠡᠭᠡᠷ᠎ᠡ ᠪᠢ ᠵᠠᠰᠠᠭ ᠬᠠᠤᠯᠢ ᠶ᠋ᠢᠨ ᠺᠠᠳ᠋ᠷᠴᠤᠳ ᠤ᠋ᠨ ᠬᠦᠴᠦ ᠲᠠᠮᠢᠷ ᠢ᠋ ᠪᠠᠷᠠᠬᠤ ᠳᠤᠷ᠎ᠠ ᠦᠭᠡᠢ᠃ ᠥᠩᠭᠡᠷᠡᠭᠰᠡᠨ ᠳ᠋ᠦ᠍ ᠪᠢ ᠡᠨᠡ ᠶᠠᠪᠤᠳᠠᠯ ᠢ᠋ ᠦᠬᠦᠨ ᠨᠢᠭᠤᠵᠤ ᠳᠠᠷᠤᠭᠰᠠᠨ ᠨᠢ ᠭᠣᠣᠯᠳᠠᠭᠤ ᠨᠡᠷ᠎ᠡ ᠨᠢᠭᠤᠷ ᠢ᠋ᠶ᠋ᠠᠨ ᠪᠣᠳᠣᠵᠤ ᠪᠠᠢᠭᠰᠠᠨ ᠶᠤᠮ᠃ ᠥᠨᠥᠳᠥᠷ ᠦ᠋ᠨ ᠬᠤᠪᠢ ᠳ᠋ᠤ᠌᠂ ᠪᠢ ᠥᠩᠭᠡᠷᠡᠭᠰᠡᠨ ᠳ᠋ᠦ᠍ ᠵᠠᠢᠳᠠᠩ ᠵᠠᠪᠬᠠᠢ ᠠ᠋ᠴᠠ ᠪᠠᠨ ᠪᠣᠯᠤᠭᠠᠳ ᠪᠣᠯᠤᠷᠴᠠᠭᠠᠨ ᠳ᠋ᠤ᠌ ᠤᠷᠰᠢᠭ ᠲᠠᠲᠠᠭᠰᠠᠨ ᠢ᠋ᠶ᠋ᠠᠨ ᠲᠡᠭᠡᠵᠦ ᠶᠡᠬᠡ ᠨᠢᠭᠤᠵᠤ ᠁ 
       — ᠲᠠ ᠡᠭᠦᠨ ᠢ᠋ ᠬᠡᠯᠡᠭᠰᠡᠨ ᠦ᠌ ᠬᠡᠷᠡᠭ ᠦᠭᠡᠢ᠃ ᠬᠡᠯᠡᠯᠭᠡᠨ ᠦᠭᠡᠢ ᠪᠢᠳᠡᠨ ᠦ᠌ ᠪᠠᠢᠴᠠᠭᠠᠵᠤ ᠲᠣᠳᠣᠷᠬᠠᠢᠯᠠᠭᠰᠠᠨ ᠢ᠋ᠶ᠋ᠠᠷ ᠲᠠᠨ ᠤ᠋ ᠬᠣᠶᠠᠭᠤᠯᠠ ᠲᠥᠪ ᠪᠤᠰᠤ ᠬᠠᠷᠢᠴᠠᠭ᠎ᠠ ᠲᠠᠢ ᠭᠡᠳᠡᠭ ᠪᠣᠯ ᠦᠨᠡᠨ ᠬᠡᠷᠡᠭ᠃ ᠲᠡᠷᠡᠴᠢᠯᠡᠨ ᠨᠡᠯᠢᠶᠡᠳ ᠤᠷᠲᠤ ᠤᠳᠠᠭᠠᠨ ᠬᠤᠭᠤᠴᠠᠭᠠᠨ ᠤ᠋ ᠲᠡᠦᠬᠡ ᠲᠡᠢ᠃ ᠭᠡᠲᠡᠯ᠎ᠡ ᠪᠢᠳᠡ ᠡᠳᠡᠭᠡᠷ ᠢ᠋ ᠵᠠᠪᠠᠯ ᠴᠢᠮ᠎ᠠ ᠠ᠋ᠴᠠ ᠴᠠᠭᠠᠷᠠᠲᠠᠯ᠎ᠠ ᠮᠥᠷᠳᠡᠵᠦ ᠮᠥᠰᠬᠢᠬᠦ ᠴᠢᠬᠤᠯᠠ ᠦᠭᠡᠢ᠃ ᠤᠴᠢᠷ ᠨᠢ ᠲᠡᠷᠡ ᠶᠠᠭᠠᠬᠢᠯ᠎ᠠ ᠴᠤ᠌ ᠭᠡᠳ ᠴᠢᠨᠦ ᠬᠤᠪᠢ ᠶ᠋ᠢᠨ ᠠᠮᠢᠳᠤᠷᠠᠯ ᠤ᠋ᠨ ᠠᠰᠠᠭᠤᠳᠠᠯ ᠪᠢᠯᠡ᠃ ᠬᠠᠷᠢᠨ ᠦᠵᠡᠰᠬᠦᠯᠡᠩ ᠦ᠋ᠨ ᠬᠣᠣᠷᠯᠠᠭᠳᠠᠭᠰᠠᠨ ᠬᠡᠷᠡᠭ ᠲᠡᠢ ᠬᠣᠯᠪᠣᠭᠳᠠᠭᠰᠠᠨ ᠪᠤᠶᠤ ᠬᠣᠯᠪᠣᠭᠳᠠᠮᠠᠷ ᠵᠦᠢᠯ ᠢ᠋ ᠶᠠᠷᠢᠪᠠᠯ ᠪᠢᠳᠡᠨ ᠳ᠋ᠦ᠍ ᠶᠡᠬᠡ ᠲᠤᠰᠠᠲᠠᠢ ᠰᠢᠦ᠃ 
       — ᠡᠳᠦᠢ ᠴᠢᠨᠡᠭᠡᠨ ᠡᠳᠦᠷ ᠦ᠋ᠨ ᠲᠤᠷᠰᠢ᠂ ᠪᠢᠳᠡ ᠬᠣᠶᠠᠭᠤᠯᠠ ᠶ᠋ᠢᠨ ᠲᠥᠪ ᠪᠤᠰᠤ ᠬᠠᠷᠢᠴᠠᠭ᠎ᠠ᠂ ᠪᠣᠯᠤᠷᠴᠠᠭᠠᠨ ᠤ᠋ ᠡᠬᠡᠨᠡᠷ ᠢ᠋ᠶ᠋ᠡᠨ ᠠᠯᠠᠭᠰᠠᠨ ᠨᠢᠭᠡ ᠵᠦᠢᠯ ᠦ᠋ᠨ ᠡᠯᠸᠮᠸ᠍ᠨ᠋ᠲ᠋ ᠪᠣᠯᠤᠭᠰᠠᠨ ᠪᠣᠯᠪᠠ ᠤᠤ ᠭᠡᠵᠦ ᠪᠢ ᠪᠣᠳᠣᠭᠠᠳ ᠪᠠᠢᠯ᠎ᠠ᠃  ᠁ᠥᠭᠡᠷ᠎ᠡ ᠪᠡᠷ ᠬᠡᠯᠡᠪᠡᠯ ᠲᠡᠭᠦᠨ ᠦ᠌ ᠡᠬᠡᠨᠡᠷ ᠢ᠋ᠶ᠋ᠡᠨ ᠠᠯᠠᠭᠰᠠᠨ ᠤᠴᠢᠷ ᠢ᠋ ᠨᠢ ᠪᠢ ᠲᠠᠲᠠᠭᠰᠠᠨ ᠪᠢᠵᠡ ᠭᠡᠵᠦ ᠰᠠᠨᠠᠭ᠎ᠠ ᠵᠣᠪᠠᠨ᠎ᠠ᠃ ᠦᠨᠡᠨ ᠢ᠋ ᠬᠡᠯᠡᠪᠡᠯ ᠪᠢᠳᠡ ᠤᠷᠲᠤ ᠬᠤᠭᠤᠴᠠᠭ᠎ᠠ ᠳᠣᠲᠣᠨᠣ ᠶᠠᠪᠤᠯᠴᠠᠬᠤ ᠳᠤᠮᠳᠠ ᠪᠠᠨ ᠬᠠᠮᠲᠤᠷᠠᠨ ᠠᠮᠢᠳᠤᠷᠠᠬᠤ ᠲᠤᠬᠠᠢ ᠣᠯᠠᠨ ᠤᠳᠠᠭ᠎ᠠ ᠶᠠᠷᠢᠯᠴᠠᠵᠤ ᠰᠠᠨᠠᠯ ᠪᠣᠳᠣᠯ ᠢ᠋ᠶ᠋ᠠᠨ ᠡᠳᠦᠢ ᠲᠡᠳᠦᠢ ᠰᠣᠯᠢᠯᠴᠠᠵᠤ ᠥᠩᠭᠡᠷᠡᠭᠰᠡᠨ᠃ ᠡᠨᠡ ᠨᠢ ᠲᠡᠭᠦᠨ ᠦ᠌ ᠶᠠᠯ᠎ᠠ ᠬᠢᠬᠦ ᠳ᠋ᠦ᠍ ᠶᠡᠬᠡ ᠨᠥᠯᠥᠭᠡ ᠪᠣᠯᠤᠭᠰᠠᠨ ᠪᠠᠢᠬ᠎ᠠ᠃ ᠥᠨᠥᠳᠥᠷ ᠮᠢᠨᠦ ᠡᠳᠡᠭᠡᠷ ᠢ᠋ ᠬᠡᠯᠡᠳᠡᠭ ᠰᠠᠨᠠᠭ᠎ᠠ ᠪᠣᠯ ᠬᠠᠤᠯᠢ ᠳ᠋ᠤ᠌ ᠵᠥᠪᠰᠢᠶᠡᠷᠡᠪᠡᠯ ᠪᠢ ᠲᠡᠭᠦᠨ ᠲᠡᠢ ᠡᠷᠡᠭᠦᠦ ᠰᠢᠢᠳᠬᠡᠯ ᠢ᠋ ᠬᠤᠪᠢᠶᠠᠵᠤ ᠬᠦᠯᠢᠶᠡᠶ᠎ᠡ ᠭᠡᠵᠦ ᠪᠣᠳᠣᠵᠤ ᠪᠠᠢᠨ᠎ᠠ᠃ 
       — ᠲᠠ ᠦᠨᠡᠬᠡᠷ ᠪᠣᠯᠤᠷᠴᠠᠭᠠᠨ ᠤ᠋ ᠬᠥᠮᠦᠨ ᠠᠯᠠᠭᠰᠠᠨ ᠨᠢ ᠡᠳᠡᠭᠡᠷ ᠡᠴᠡ ᠪᠡᠨ ᠪᠣᠯᠤᠭᠰᠠᠨ ᠮᠠᠭᠠᠳ ᠦᠭᠡᠢ ᠭᠡᠵᠦ ᠪᠣᠳᠣᠵᠤ ᠪᠠᠢᠨ᠎ᠠ ᠤᠤ?
       — ᠲᠡᠢᠮᠦ ᠠ᠋᠂ ᠲᠡᠷᠡᠴᠢᠯᠡᠨ ᠲᠠᠨᠠᠷ ᠤ᠋ᠨ ᠪᠠᠢᠴᠠᠭᠠᠯᠲᠠ ᠴᠤ᠌ ᠡᠨᠡ ᠲᠤᠬᠠᠢ ᠪᠠᠢᠭᠰᠠᠨ᠃ ᠪᠢ ᠥᠪᠡᠷ ᠦ᠋ᠨ ᠬᠠᠷ᠎ᠠ ᠤᠬᠠᠭᠠᠨ ᠢ᠋ᠶ᠋ᠠᠷ ᠪᠣᠳᠣᠭᠠᠳ ᠴᠤ᠌ ᠨᠢᠭᠡ ᠡᠬᠡᠨᠡᠷ ᠲᠡᠢ ᠬᠥᠮᠦᠨ ᠥᠭᠡᠷ᠎ᠡ ᠨᠢᠭᠡ ᠡᠮᠡᠭᠲᠡᠢ ᠲᠡᠢ ᠬᠠᠯᠠᠭᠤᠨ ᠳᠣᠲᠣᠨᠣ ᠨᠢᠭᠤᠴᠠ ᠠᠮᠢᠳᠤᠷᠠᠯ ᠲᠠᠢ ᠪᠣᠯᠤᠭᠰᠠᠨ ᠬᠣᠢᠨ᠎ᠠ ᠶᠠᠮᠠᠷ ᠵᠣᠷᠢᠯᠭ᠎ᠠ ᠪᠠᠷ ᠡᠬᠡᠨᠡᠷ ᠢ᠋ᠶ᠋ᠡᠨ ᠠᠯᠠᠭᠰᠠᠨ ᠴᠤ᠌ ᠵᠠᠪᠠᠯ ᠬᠠᠷᠢᠯᠴᠠᠨ ᠬᠣᠯᠪᠣᠭᠳᠠᠬᠤ ᠪᠠᠢᠯᠭᠦᠢ᠃ ᠬᠡᠳᠦᠢᠪᠡᠷ ᠨᠠᠳᠠ ᠬᠠᠷᠠᠯᠠᠶ᠎ᠠ ᠬᠣᠣᠷᠯᠠᠶ᠎ᠠ ᠭᠡᠰᠡᠨ ᠰᠠᠨᠠᠭ᠎ᠠ ᠡᠭᠦᠰᠦᠭᠰᠡᠨ ᠦᠭᠡᠢ ᠴᠤ᠌ ᠁ 
       — ᠲᠠ ᠲᠠᠭᠠᠮᠠᠭᠯᠠᠯ ᠢ᠋ᠶ᠋ᠠᠨ ᠶᠠᠷᠢᠭᠠᠳ ᠡᠷᠡᠭᠦᠦ ᠶ᠋ᠢᠨ ᠬᠠᠷᠢᠭᠤᠴᠠᠯᠭ᠎ᠠ ᠭᠤᠶᠤᠵᠤ ᠬᠦᠯᠢᠶᠡᠮᠡᠷ ᠪᠠᠢᠬᠤ ᠨᠢ ᠭᠠᠢᠬᠠᠯᠲᠠᠢ ᠪᠠᠢᠨ᠎ᠠ᠃ ᠮᠢᠨᠦ ᠪᠣᠳᠣᠬᠤ ᠪᠠᠷ ᠶᠠᠮᠠᠷ ᠨᠢᠭᠡ ᠬᠥᠮᠦᠨ ᠲᠠᠨ ᠢ᠋ ᠠᠯᠪᠠ ᠪᠠᠷ ᠳᠣᠬᠢᠵᠤ ᠢᠷᠡᠭᠦᠯᠦᠭᠡᠳ ᠢᠩᠭᠢᠵᠦ ᠬᠡᠯᠡᠭᠦᠯᠦᠨ ᠮᠢᠨᠦ ᠣᠪᠣᠷ ᠢ᠋ ᠣᠢᠯᠠᠭᠠᠬᠤ ᠭᠡᠰᠡᠨ ᠰᠢᠭ᠃ ᠦᠭᠡᠢ ᠪᠣᠯ ᠲᠠ ᠪᠡᠶ᠎ᠡ ᠪᠡᠷ ᠢ᠋ᠶ᠋ᠡᠨ ᠥᠩᠭᠡᠷᠡᠭᠡᠭᠰᠡᠨ ᠶᠠᠪᠤᠳᠠᠯ ᠢ᠋ᠶ᠋ᠠᠨ ᠴᠣᠬᠣᠮ ᠶᠠᠮᠠᠷ ᠬᠡᠮᠵᠢᠶᠡᠨ ᠳ᠋ᠦ᠍ ᠬᠦᠷᠦᠨ᠎ᠡ ᠭᠡᠳᠡᠭ ᠲᠦ᠍ ᠶᠡᠬᠡ ᠲᠥᠯᠥᠪ ᠲᠣᠭᠠᠲᠠᠢ ᠪᠠᠢᠬᠤ ᠶᠣᠰᠣᠲᠠᠢ᠃ ᠶᠠᠭᠤᠨ ᠳ᠋ᠤ᠌ ᠬᠠᠷ᠎ᠠ ᠠᠯᠪᠠ ᠪᠠᠷ ᠪᠡᠶ᠎ᠡ ᠳ᠋ᠡᠭᠡᠨ ᠡᠢᠮᠦ ᠲᠡᠢᠮᠦ ᠵᠦᠢᠴᠢᠯᠡᠯ ᠲᠠᠭᠠᠮᠠᠭᠯᠠᠯ ᠬᠢᠭᠡᠳ ᠬᠡᠷᠡᠭ ᠡᠭᠦᠷᠬᠦ ᠭᠡᠵᠦ ᠳᠤᠷᠠᠯᠠᠬᠤ ᠪᠣᠢ? ᠴᠣᠬᠣᠮ ᠶᠠᠮᠠᠷ ᠬᠥᠮᠦᠨ ᠴᠢᠮ᠎ᠠ ᠶᠢ ᠡᠨᠡ ᠬᠦ᠌ ᠠᠰᠠᠭᠤᠳᠠᠯ ᠳ᠋ᠤ᠌ ᠢᠩᠭᠢᠵᠦ ᠬᠠᠨᠳᠤᠨ᠂ ᠢᠩᠭᠢᠵᠦ ᠰᠢᠢᠳᠪᠦᠷᠢᠯᠡᠬᠦ ᠶ᠋ᠢ ᠬᠦᠰᠡᠬᠦ ᠪᠣᠯᠭᠠᠭᠰᠠᠨ ᠪᠣᠯ?
       — ᠬᠥᠮᠦᠨ ᠦ᠌ ᠡᠷᠢᠶᠡᠨ ᠳᠣᠲᠣᠷ᠎ᠠ ᠪᠠᠨ ᠭᠡᠳᠡᠭ ᠰᠢᠳᠡ᠃ ᠮᠢᠨᠦ ᠪᠣᠳᠣᠬᠤ ᠪᠠᠷ ᠲᠡᠷᠡ ᠨᠠᠳᠠ ᠲᠠᠢ ᠠᠮᠢᠳᠤᠷᠠᠶ᠎ᠠ ᠭᠡᠰᠡᠨ ᠪᠣᠳᠣᠯ ᠡᠭᠦᠰᠦᠭᠡᠳ᠂ ᠲᠡᠨᠡᠭ ᠪᠠᠯᠠᠮᠠᠳ ᠢ᠋ᠶ᠋ᠠᠷ ᠡᠬᠡᠨᠡᠷ ᠦ᠋ᠨ ᠢ᠋ᠶ᠋ᠡᠨ ᠠᠮᠢᠨ ᠳ᠋ᠤ᠌ ᠬᠦᠷᠦᠭᠰᠡᠨ ᠪᠠᠢᠵᠤ ᠮᠡᠳᠡᠨ᠎ᠡ᠃ ᠲᠦᠪᠰᠢᠨ ᠦ᠌ ᠴᠢᠷᠠᠢ ᠠᠶᠤᠮᠠᠷ ᠲᠦᠪᠰᠢᠷᠡᠨ ᠬᠦᠢᠲᠡᠨ ᠢ᠋ᠶ᠋ᠡᠷ ᠢᠨᠢᠶᠡᠭᠡᠳ᠄ 
       — ᠢᠩᠭᠢᠭᠡᠳ ᠲᠠ ᠬᠠᠷᠢᠨ ᠲᠡᠭᠦᠨ ᠲᠡᠢ ᠠᠮᠢᠨ ᠬᠡᠷᠡᠭ ᠬᠤᠪᠢᠶᠠᠯᠴᠠᠨ ᠬᠠᠷᠢᠭᠤᠴᠠᠬᠤ ᠪᠣᠳᠣᠯ ᠲᠥᠷᠥᠭᠳᠡᠭᠰᠡᠨ ᠭᠡᠵᠢ ᠤᠤ? ᠡᠦ ᠹᠧᠩ ᠮᠧᠢ ᠨᠥᠬᠥᠷ ᠠ᠋᠂ ᠬᠡᠷᠪᠡ ᠠᠰᠠᠭᠤᠳᠠᠯ ᠢ᠋ ᠪᠢᠳᠡ ᠢᠩᠭᠢᠵᠦ ᠰᠢᠢᠳᠪᠦᠷᠢᠯᠡᠬᠦ ᠪᠣᠯᠤᠯᠴᠠᠭ᠎ᠠ ᠲᠠᠢ ᠭᠡᠵᠦ ᠦᠵᠡᠪᠡᠯ ᠲᠤᠩ ᠵᠣᠬᠢᠰ ᠦᠭᠡᠢ ᠪᠠᠢᠨ᠎ᠠ᠃ ᠪᠣᠯᠤᠷᠴᠠᠭᠠᠨ ᠢ᠋ ᠶᠠᠭᠠᠬᠢᠵᠤ ᠬᠡᠯᠡᠭᠰᠡᠨ ᠴᠤ᠌ ᠠᠷᠠᠢ ᠲᠡᠢᠮᠦ ᠲᠡᠨᠡᠭ ᠪᠦᠳᠦᠭᠦᠯᠢᠭ ᠬᠥᠮᠦᠨ ᠪᠢᠰᠢ ᠭᠡᠵᠦ ᠪᠢ ᠦᠵᠡᠨ᠎ᠡ᠃ ᠬᠡᠷᠪᠡ ᠲᠡᠷᠡ ᠦᠨᠡᠨ ᠴᠢᠮ᠎ᠠ ᠳ᠋ᠤ᠌ ᠪᠤᠶᠤ ᠥᠭᠡᠷ᠎ᠡ ᠨᠢᠭᠡ ᠡᠮᠡᠭᠲᠡᠢ ᠲᠡᠢ ᠨᠢᠭᠡᠳᠬᠦ ᠵᠣᠷᠢᠯᠭ᠎ᠠ ᠲᠠᠢ ᠪᠠᠢᠭᠰᠠᠨ ᠪᠣᠯ ᠡᠬᠡᠨᠡᠷ ᠢ᠋ᠶ᠋ᠡᠨ ᠢᠯᠡ ᠪᠡᠷ ᠬᠣᠣᠷᠯᠠᠨ ᠠᠯᠠᠭᠠᠳ ᠦᠬᠦᠬᠦ ᠵᠠᠮ ᠢ᠋ᠶ᠋ᠠᠨ ᠡᠷᠢᠬᠦ ᠭᠡᠵᠢ ᠤᠤ? ᠡᠨᠡ ᠨᠢ ᠲᠡᠭᠦᠨ ᠳ᠋ᠦ᠍ ᠶᠠᠮᠠᠷ ᠤᠳᠬ᠎ᠠ ᠠᠭᠤᠯᠭ᠎ᠠ ᠪᠠᠢᠬᠤ ᠪᠣᠢ? ᠲᠠ ᠪᠣᠳᠣᠯᠬᠢᠯᠠᠵᠤ ᠥᠩᠭᠡᠷᠡᠭᠰᠡᠨ ᠦᠭᠡᠢ ᠤᠤ? ᠮᠢᠨᠦ ᠪᠣᠳᠣᠬᠤ ᠪᠠᠷ᠂ ᠲᠠ ᠪᠣᠯᠤᠷᠴᠠᠭᠠᠨ ᠤ᠋ ᠵᠠᠩ ᠰᠤᠷᠲᠠᠯ᠂ ᠬᠥᠮᠦᠵᠢᠯ ᠪᠣᠯᠪᠠᠰᠤᠷᠠᠯ ᠢ᠋ ᠨᠢ ᠪᠢᠳᠡᠨ ᠡᠴᠡ ᠢᠯᠡᠭᠦᠦ ᠣᠢᠯᠠᠭᠠᠬᠤ ᠪᠠᠢᠬ᠎ᠠ᠃ ᠲᠡᠷᠡ ᠴᠢᠨᠦ ᠲᠥᠯᠥᠭᠡ ᠡᠬᠡᠨᠡᠷ ᠢ᠋ᠶ᠋ᠡᠨ ᠠᠯᠠᠯ᠎ᠠ ᠭᠡᠪᠡᠯ ᠲᠠ ᠦᠨᠡᠬᠡᠷ ᠢᠲᠡᠭᠡᠨ᠎ᠡ ᠭᠡᠵᠢ ᠤᠤ?
       — ᠦᠭᠡᠢ᠂ ᠪᠢ ᠨᠠᠭᠠᠨ᠎ᠠ ᠴᠠᠭᠠᠨᠠᠬᠢ ᠡᠳᠦᠢ ᠣᠯᠠᠨ ᠶᠠᠪᠤᠳᠠᠯ ᠢ᠋ ᠪᠣᠳᠣᠯᠬᠢᠯᠠᠵᠤ ᠥᠩᠭᠡᠷᠡᠭᠰᠡᠨ ᠦᠭᠡᠢ᠃ ᠭᠡᠲᠡᠯ᠎ᠡ ᠮᠢᠨᠦ ᠥᠩᠭᠡᠷᠡᠦ ᠬᠠᠵᠠᠭᠠᠢ ᠬᠥᠭᠡᠭᠡᠴᠡᠯᠳᠦᠭᠰᠡᠨ ᠳᠤᠷᠠᠰᠢᠯ ᠲᠡᠭᠦᠨ ᠦ᠌ ᠶᠠᠯ᠎ᠠ ᠬᠢᠬᠦ ᠳ᠋ᠦ᠍ ᠰᠢᠭᠤᠳ ᠨᠥᠯᠥᠭᠡ ᠤᠴᠠᠷᠠᠭᠤᠯᠤᠭᠰᠠᠨ ᠴᠤ᠌ ᠶᠤᠮ ᠤᠤ ᠭᠡᠵᠦ ᠪᠣᠳᠣᠬᠤ ᠶᠤᠮ᠃ ᠪᠢ ᠶᠡᠬᠡ ᠭᠤᠨᠢᠵᠤ ᠤᠢᠳᠴᠤ ᠪᠠᠢᠨ᠎ᠠ᠃ 
       — ᠡᠦ ᠹᠧᠩ ᠮᠧᠢ ᠨᠥᠬᠥᠷ ᠠ᠋᠂ ᠪᠣᠯᠤᠷᠴᠠᠭᠠᠨ ᠤ᠋ ᠬᠡᠷᠡᠭ ᠦ᠋ᠨ ᠦᠨᠡᠨ ᠳᠦᠷᠢ ᠭᠦᠢᠴᠡᠳ ᠢᠯᠡᠷᠡᠬᠦ ᠡᠴᠡ ᠡᠮᠦᠨ᠎ᠡ ᠪᠢᠳᠡ ᠶᠠᠮᠠᠷ ᠨᠢᠭᠡᠨ ᠣᠪᠣᠷ ᠦᠵᠡᠯᠲᠡ ᠪᠡᠨ ᠢᠯᠡᠳᠬᠡᠬᠦ ᠶ᠋ᠢᠨ ᠠᠷᠭ᠎ᠠ ᠦᠭᠡᠢ᠃ ᠬᠡᠷᠪᠡ ᠥᠩᠭᠡᠷᠡᠭᠰᠡᠨ ᠦ᠌ ᠪᠤᠷᠤᠭᠤ ᠪᠠᠨ ᠮᠡᠳᠡᠷᠡᠵᠦ᠂ ᠤᠬᠠᠭᠠᠷᠠᠵᠤ ᠰᠡᠬᠡᠭᠡᠷᠡᠭᠰᠡᠨ ᠪᠣᠯ ᠲᠡᠷᠡ ᠨᠢ ᠶᠠᠷᠢᠶᠠᠨ ᠦᠭᠡᠢ ᠲᠠᠨ ᠤ᠋ ᠲᠠᠪᠰᠢᠯᠲᠠ ᠪᠣᠯᠤᠨ᠎ᠠ ᠰᠢᠦ᠃ 
       — ᠁ 
       — ᠡᠦ ᠹᠧᠩ ᠮᠧᠢ ᠨᠥᠬᠥᠷ ᠠ᠋᠂ ᠪᠢᠳᠡ ᠲᠠᠨ ᠠ᠋ᠴᠠ ᠬᠣᠶᠠᠷ ᠤᠴᠢᠷ ᠢ᠋ ᠠᠰᠠᠭᠤᠬᠤ ᠰᠠᠨᠠᠭᠠᠲᠠᠢ᠃ ᠲᠠ ᠪᠢᠳᠡᠨ ᠳ᠋ᠦ᠍ ᠬᠠᠩᠭᠠᠮᠵᠢ ᠲᠠᠢ ᠬᠠᠷᠢᠭᠤᠯᠵᠤ ᠥᠭᠭᠦᠨ᠎ᠡ ᠤᠤ?
       — ᠲᠠ ᠠᠰᠠᠭᠤ ᠳᠠ᠃ ᠪᠢ ᠯᠠ‍ᠪ ᠦᠨᠡᠨ ᠢ᠋ᠶ᠋ᠡᠨ ᠬᠡᠯᠡᠨ᠎ᠡ᠃ 
       — ᠪᠤᠯᠤᠷᠴᠠᠭᠠᠨ ᠢ᠋ ᠪᠠᠷᠢᠭᠳᠠᠭᠰᠠᠨ ᠤ᠋ ᠳᠠᠷᠠᠭ᠎ᠠ᠂ ᠲᠠ ᠲᠡᠭᠦᠨ ᠲᠡᠢ ᠬᠠᠮᠤᠭ ᠤ᠋ᠨ ᠠᠩᠬ᠎ᠠ ᠤᠳᠠᠭ᠎ᠠ ᠨᠢ ᠬᠡᠵᠢᠶ᠎ᠡ ᠠᠭᠤᠯᠵᠠᠭᠰᠠᠨ ᠪᠣᠢ?
       — ᠪᠢ ᠠᠭᠤᠯᠵᠠᠵᠤ ᠥᠩᠭᠡᠷᠡᠭᠰᠡᠨ ᠦᠭᠡᠢ᠃ ᠬᠣᠶᠠᠷ ᠰᠠᠷ᠎ᠠ ᠶ᠋ᠢᠨ ᠳᠠᠷᠠᠭ᠎ᠠ ᠲᠡᠭᠦᠨ ᠢ᠋ ᠢᠯᠡ ᠪᠡᠷ ᠰᠢᠭᠦᠬᠦ ᠲᠡᠷᠡ ᠡᠳᠦᠷ᠂ ᠪᠢ ᠬᠣᠲᠠ ᠶ᠋ᠢᠨ ᠶᠣᠰᠣᠯᠠᠯ ᠤ᠋ᠨ ᠲᠢᠩᠬᠢᠮ ᠦ᠋ᠨ ᠡᠭᠦᠳᠡᠨ ᠳᠡᠷᠭᠡᠳᠡ ᠨᠢᠭᠤᠷ ᠦᠵᠡᠯᠴᠡᠭᠰᠡᠨ ᠪᠣᠯᠪᠠᠴᠤ ᠬᠣᠯᠠ ᠰᠢᠭ᠋ ᠪᠠᠢᠭᠰᠠᠨ ᠪᠣᠯᠬᠣᠷ ᠦᠭᠡ ᠶᠠᠷᠢᠯᠴᠠᠭᠰᠠᠨ ᠦᠭᠡᠢ᠃ 
       — ᠮᠥᠨ ᠡᠨᠡ ᠨᠢᠭᠡ ᠤᠳᠠᠭ᠎ᠠ ᠭᠡᠵᠢ ᠤᠤ?
       — ᠲᠡᠢᠮᠦ ᠠ᠋!
       — ᠲᠡᠭᠡᠪᠡᠯ ᠲᠠᠨ ᠤ᠋ ᠬᠣᠶᠠᠭᠤᠯᠠ ᠶ᠋ᠢᠨ ᠲᠥᠪ ᠪᠤᠰᠤ ᠬᠠᠷᠢᠴᠠᠭ᠎ᠠ ᠶ᠋ᠢ ᠨᠢᠭᠡ ᠬᠥᠮᠦᠨ ᠶᠡᠬᠡ ᠡᠷᠲᠡ ᠮᠡᠳᠡᠭᠰᠡᠨ ᠪᠢᠵᠡ᠃
       — ᠦᠭᠡᠢ᠂ ᠡᠢᠮᠦ ᠤᠴᠢᠷ ᠣᠭᠲᠣ ᠦᠭᠡᠢ᠃ ᠥᠨᠥᠳᠥᠷ ᠪᠢ ᠯᠡ ᠲᠠᠨᠠᠷ ᠲᠤ᠌ ᠡᠬᠢᠯᠡᠵᠦ ᠬᠡᠯᠡᠵᠦ ᠪᠠᠢᠬᠤ ᠨᠢ ᠡᠨᠡ ᠰᠢᠦ᠃ ᠬᠡᠷᠪᠡ ᠶᠠᠮᠠᠷ ᠨᠢᠭᠡᠨ ᠬᠥᠮᠦᠨ ᠨᠢᠭᠡᠨᠲᠡ ᠮᠡᠳᠡᠭᠰᠡᠨ ᠪᠣᠯ ᠪᠢ ᠠᠩᠬᠠᠨ ᠳᠤ ᠪᠠᠨ ᠲᠡᠭᠡᠵᠦ ᠨᠢᠭᠤᠬᠤ ᠦᠭᠡᠢ᠃ 
       — ᠡᠦ ᠹᠧᠩ ᠮᠧᠢ ᠨᠥᠬᠥᠷ ᠠ᠋᠂ ᠪᠢᠳᠡ ᠴᠢᠮ᠎ᠠ ᠶᠢ ᠠᠯᠪᠠᠳᠠᠵᠤ ᠰᠢᠬᠠᠮᠳᠠᠭᠤᠯᠬᠤ ᠦᠭᠡᠢ᠃ ᠭᠡᠲᠡᠯ᠎ᠡ ᠲᠠ ᠪᠢᠳᠡᠨ ᠡᠴᠡ ᠮᠠᠰᠢ ᠠᠷᠪᠢᠨ ᠴᠢᠬᠤᠯᠠ ᠤᠴᠢᠷ ᠢ᠋ ᠨᠢᠭᠤᠵᠤ ᠪᠡᠢᠨ᠎ᠡ᠃ ᠢᠩᠭᠢᠵᠦ ᠠᠮᠠ ᠮᠠᠯᠵᠢᠨ ᠨᠢᠭᠤᠬᠤ ᠨᠢ ᠪᠢᠳᠡᠨ ᠦ᠌ ᠠᠯᠢᠨ ᠳ᠋ᠤᠨᠢ ᠴᠤ᠌ ᠶᠡᠬᠡ ᠠᠰᠢᠭ ᠦᠭᠡᠢ ᠭᠡᠳᠡᠭ ᠢ᠋ ᠲᠠ ᠪᠣᠳᠣᠯᠬᠢᠯᠠᠵᠤ ᠦᠵᠡᠪᠡ ᠤᠤ?
       — ᠪᠢ ᠬᠡᠯᠡᠶ᠎ᠡ ᠭᠡᠰᠡᠨ ᠢ᠋ᠶ᠋ᠡᠨ ᠪᠦᠭᠦᠳᠡ ᠶ᠋ᠢ ᠬᠡᠯᠡᠴᠢᠬᠡᠯ᠎ᠡ᠃ ᠲᠠᠨ ᠤ᠋ ᠬᠡᠯᠡᠭᠰᠡᠨ ᠨᠢ ᠨᠠᠳᠠ ᠶᠡᠬᠡ ᠰᠡᠩᠬᠡᠷᠡᠭᠦᠯᠦᠯ ᠪᠣᠯᠵᠤ ᠪᠠᠢᠨ᠎ᠠ᠃ ᠪᠢ ᠬᠠᠷᠢᠭᠰᠠᠨ ᠤ᠋ ᠳᠠᠷᠠᠭ᠎ᠠ ᠲᠠᠨ ᠤ᠋ ᠬᠡᠯᠡᠭᠰᠡᠨ ᠢ᠋ ᠳᠠᠬᠢᠨ ᠨᠠᠷᠢᠨ ᠨᠢᠭᠲᠠ ᠪᠣᠳᠣᠯᠬᠢᠯᠠᠵᠤ ᠦᠵᠡᠶ᠎ᠡ᠃ ᠪᠣᠳᠣᠬᠤ ᠳ᠋ᠤ᠌ ᠶᠡᠬᠡ ᠣᠯᠤᠯᠲᠠ ᠲᠠᠢ ᠪᠠᠢᠵᠤ ᠮᠡᠳᠡᠨ᠎ᠡ᠃
       — ᠡᠨᠡ ᠬᠡᠷᠡᠭ ᠦᠭᠡᠢ᠃ ᠵᠠᠷᠢᠮ ᠦᠶ᠎ᠡ ᠳ᠋ᠦ᠍ ᠪᠤᠰᠤᠳ ᠤ᠋ᠨ ᠶᠠᠷᠢᠶ᠎ᠠ ᠲᠤᠰᠬᠠᠯ᠂ ᠬᠥᠮᠦᠨ ᠦ᠌ ᠪᠣᠳᠣᠯ ᠰᠡᠳᠬᠢᠯ ᠳ᠋ᠦ᠍ ᠡᠰᠡᠷᠭᠦ ᠦᠢᠯᠡᠳᠦᠯ ᠦᠵᠡᠭᠦᠯᠳᠡᠭ ᠶᠦᠮ᠃ ᠬᠡᠷᠪᠡ ᠵᠥᠪ ᠲᠠᠯ᠎ᠠ ᠤᠷᠤᠭᠤ ᠵᠢᠯᠣᠭᠣᠳᠴᠤ ᠴᠢᠳᠠᠪᠠᠯ ᠪᠠᠶᠠᠷᠯᠠᠭᠤᠰᠢᠲᠠᠢ ᠬᠡᠷᠡᠭ᠃ ᠭᠡᠲᠡᠯ᠎ᠡ ᠬᠡᠨ ᠴᠤ᠌ ᠪᠤᠷᠤᠭᠤ ᠣᠢᠯᠠᠭᠠᠬᠤ ᠦᠭᠡᠢ ᠭᠡᠵᠦ ᠪᠠᠲᠤᠯᠠᠵᠤ ᠴᠢᠳᠠᠬᠤ ᠪᠣᠢ?
       ᠡᠨᠡ ᠬᠣᠶᠠᠷ ᠤ᠋ᠨ ᠶᠠᠷᠢᠶ᠎ᠠ ᠡᠢᠮᠦ ᠯᠡ ᠦᠷ᠎ᠡ ᠳ᠋ᠦᠩ ᠢ᠋ᠶ᠋ᠡᠷ ᠲᠡᠭᠦᠰᠦᠯ᠎ᠡ᠃ 
       ᠴᠢᠨᠠᠭᠰᠢ ᠪᠠᠨ ᠬᠠᠨᠳᠤᠭᠠᠳ ᠵᠣᠷᠢᠭ ᠮᠠᠭᠤᠲᠠᠢᠬᠠᠨ ᠠᠯᠬᠤᠯᠠᠬᠤ ᠡᠦ ᠹᠧᠩ ᠮᠧᠢ ᠶ᠋ᠢᠨ ᠬᠣᠢᠨ᠎ᠠ ᠠ᠋ᠴᠠ ᠲᠦᠪᠰᠢᠨ ᠭᠤᠸᠠᠢ ᠤᠳᠠᠲᠠᠯ᠎ᠠ ᠬᠠᠷᠠᠵᠤ ᠵᠣᠭᠰᠣᠪᠠ᠃  
       ᠡᠨᠡ ᠡᠮᠡᠭᠲᠡᠢ ᠳ᠋ᠦ᠍ ᠡᠯᠳᠡᠪ ᠲᠠᠭᠠᠮᠠᠭᠯᠠᠯ ᠳᠤᠷᠠᠳᠤᠨ ᠪᠣᠯᠤᠷᠴᠠᠭᠠᠨ ᠲᠠᠢ ᠠᠮᠢᠨ ᠬᠡᠷᠡᠭ ᠦ᠋ᠨ ᠬᠠᠷᠢᠭᠤᠴᠠᠯᠭ᠎ᠠ ᠬᠤᠪᠢᠶᠠᠯᠴᠠᠬᠤ ᠭᠡᠨᠡᠨ ᠰᠡᠳᠬᠢᠯᠭᠡ ᠶ᠋ᠢ ᠶᠠᠮᠠᠷ ᠬᠦᠴᠦᠨ ᠣᠯᠭᠣᠭᠰᠠᠨ ᠪᠣᠯ? ᠭᠡᠲᠡᠯ᠎ᠡ ᠶᠠᠭ ᠦᠨᠡᠨ ᠮᠠᠭᠠᠳ ᠬᠡᠷᠡᠭ ᠢ᠋ ᠨᠢ ᠲᠤᠯᠭᠠᠨ ᠠᠰᠠᠭᠤᠬᠤ ᠳ᠋ᠤ᠌ ᠴᠢᠨᠡᠭᠡ ᠪᠡᠷ ᠢ᠋ᠶ᠋ᠡᠨ ᠪᠠᠯᠠᠯᠵᠤ ᠨᠢᠭᠤᠬᠤ ᠨᠢ ᠪᠠᠰᠠ ᠶᠠᠮᠠᠷ ᠰᠦᠷᠳᠡᠭᠦᠯᠦᠯ ᠡᠷᠡᠭᠡᠯᠵᠡᠯ ᠡᠴᠡ ᠪᠣᠯᠵᠤ ᠪᠠᠢᠭ᠎ᠠ ᠪᠣᠯ?
       ᠡᠨᠡ ᠬᠦ᠌ ᠵᠥᠷᠢᠴᠡᠯ ᠪᠤᠳᠤᠯᠢᠶᠠᠨ ᠢ᠋ᠶ᠋ᠠᠷ ᠳᠦᠭᠦᠷᠦᠭᠰᠡᠨ ᠲᠠᠢᠯᠪᠤᠷᠢᠯᠠᠵᠤ ᠣᠢᠯᠠᠭᠠᠬᠤ ᠳ᠋ᠤ᠌ ᠪᠡᠷᠬᠡ ᠪᠣᠳᠣᠯ ᠲᠦᠪᠰᠢᠨ ᠦ᠌ ᠲᠠᠷᠢᠬᠢᠨ ᠳ᠋ᠤ᠌ ᠬᠣᠴᠣᠷᠪᠠ᠃ 

          ᠤᠩᠰᠢᠭᠰᠠᠨ ᠨᠢ ᠄ ᠴᠡᠴᠡᠭᠮ᠎ᠡ