ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠᠨ ᠳᠣᠯᠣᠭ᠎ᠠ> Хялгасан дөрөөн дээр – Хасвулаг зохиов <17> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠᠨ ᠳᠣᠯᠣᠭ᠎ᠠ> Хялгасан дөрөөн дээр – Хасвулаг зохиов <17>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠠᠷᠪᠠᠨ ᠳᠣᠯᠣᠭ᠎ᠠ> Хялгасан дөрөөн дээр – Хасвулаг зохиов <17>

ᠠᠩᠭᠢᠯᠠᠯ:ᠲᠤᠭᠤᠵᠢ ᠷᠣᠮᠠᠨ
2026-01-24

116

ᠬᠢᠯᠭᠠᠰᠤᠨ ᠳᠥᠷᠥᠭᠡᠨ ᠳᠡᠭᠡᠷ᠎ᠡ - <ᠠᠷᠪᠠᠨ ᠳᠣᠯᠣᠭ᠎ᠠ>


                ᠠᠷᠪᠠᠨ ᠳᠣᠯᠣᠭ᠎ᠠ 

       ᠦᠵᠡᠰᠬᠦᠯᠡᠩ ᠦ᠋ᠨ ᠬᠡᠦᠬᠡᠳ ᠦ᠋ᠨ ᠬᠥᠯ ᠢ᠋ ᠰᠡᠭᠦᠳᠡᠷᠯᠡᠬᠦ ᠳᠤᠮᠳᠠ ᠭᠠᠷᠤᠭᠰᠠᠨ ᠡᠨᠳᠡᠯ ᠪᠣᠯᠤᠨ ᠬᠣᠢᠨ᠎ᠠ ᠨᠢ ᠭᠠᠷᠤᠭᠰᠠᠨ ᠣᠢᠯᠠᠭᠠᠭᠳᠠᠰᠢ ᠦᠭᠡᠢ ᠬᠡᠷᠡᠭ ᠶᠠᠪᠤᠳᠠᠯ ᠤ᠋ᠳ ᠲᠦᠪᠰᠢᠨ ᠭᠤᠸᠠᠢ ᠶ᠋ᠢᠨ ᠠᠩᠬᠠᠷᠤᠯ ᠢ᠋ ᠣᠨᠴᠠᠭᠠᠢ ᠲᠠᠲᠠᠯ᠎ᠠ᠃  ᠡᠨᠡ ᠰᠡᠵᠢᠭ ᠢ᠋ᠶ᠋ᠡᠨ ᠠᠯᠳᠠᠷᠠᠭᠠᠬᠤ ᠶ᠋ᠢᠨ ᠲᠥᠯᠥᠭᠡ ᠣᠷᠴᠢᠮ ᠤ᠋ᠨ ᠡᠳᠦᠷ ᠦ᠋ᠳ ᠲᠦ᠍ ᠣᠯᠠᠨ ᠵᠦᠢᠯ ᠦ᠋ᠨ ᠠᠷᠭ᠎ᠠ ᠪᠠᠷ ᠪᠣᠳᠣᠯᠬᠢᠯᠠᠭᠰᠠᠭᠠᠷ ᠪᠠᠢᠭᠠᠳ ᠥᠨᠥᠳᠥᠷ ᠬᠣᠲᠠ ᠶ᠋ᠢᠨ ᠠᠷᠪᠠᠨ ᠳᠥᠷᠪᠡᠳᠦᠭᠡᠷ ᠳᠤᠮᠳᠠᠳᠤ ᠰᠤᠷᠭᠠᠭᠤᠯᠢ ᠳ᠋ᠤ᠌ ᠢᠷᠡᠯ᠎ᠡ᠃  
       ᠲᠡᠷᠡ ᠬᠥᠬᠡᠲᠤᠯᠢ ᠲᠠᠢ ᠬᠣᠶᠠᠭᠤᠯᠠ ᠰᠤᠷᠭᠠᠭᠤᠯᠢ ᠶ᠋ᠢᠨ ᠳᠠᠷᠤᠭ᠎ᠠ ᠶ᠋ᠢᠨ ᠠᠯᠪᠠᠨ ᠭᠡᠷ ᠲᠦ᠍ ᠣᠷᠣᠵᠤ ᠡᠳᠦᠢ ᠲᠡᠳᠦᠢ ᠶᠠᠭᠤᠮ᠎ᠠ ᠶᠠᠷᠢᠯᠴᠠᠭᠠᠳ ᠥᠪᠡᠷ ᠥᠪᠡᠷ ᠦ᠋ᠨ ᠠᠪᠴᠤ ᠶᠠᠪᠤᠭ᠎ᠠ ᠪᠣᠭᠴᠣ ᠠ᠋ᠴᠠ ᠥᠪᠴᠢ ᠪᠡᠶ᠎ᠡ ᠡᠮᠨᠡᠯᠭᠡ ᠶ᠋ᠢᠨ ᠠᠵᠢᠯᠲᠠᠨ ᠤ᠋ ᠴᠠᠭᠠᠨ ᠬᠤᠪᠴᠠᠰᠤ ᠭᠠᠷᠭᠠᠵᠤ ᠡᠮᠦᠰᠴᠦ ᠵᠠᠪᠳᠤᠪᠠ᠃  
       ᠢᠷᠡᠬᠦ ᠶ᠋ᠢᠨ ᠡᠮᠦᠨᠡᠬᠡᠨ ᠲᠦᠪᠰᠢᠨ ᠭᠡᠨᠡᠳᠲᠡ ᠬᠥᠬᠡᠲᠤᠯᠢ ᠪᠠᠷ ᠡᠢᠮᠦ ᠪᠡᠯᠡᠳᠬᠡᠯ ᠬᠢᠯᠭᠡᠬᠦ ᠳ᠋ᠦ᠍᠂ ᠲᠡᠭᠦᠨ ᠳ᠋ᠦ᠍ ᠢᠯᠡᠭᠦᠴᠡ ᠬᠡᠷᠡᠭ ᠰᠢᠭ ᠰᠠᠨᠠᠭᠳᠠᠵᠠᠢ᠃  ᠨᠢᠭᠡ ᠬᠡᠦᠬᠡᠳ ᠡᠴᠡ ᠪᠠᠢᠳᠠᠯ ᠣᠢᠯᠠᠭᠠᠵᠤ᠂ ᠬᠥᠯ ᠢ᠋ ᠨᠢ ᠪᠠᠢᠴᠠᠭᠠᠬᠤ ᠳ᠋ᠤ᠌ ᠪᠡᠶ᠎ᠡ ᠪᠡᠨ ᠢᠩᠭᠢᠵᠦ ᠬᠤᠪᠢᠷᠠᠭᠤᠯᠬᠤ ᠨᠢ ᠬᠡᠲᠦᠷᠡᠵᠦ ᠪᠠᠢᠨ᠎ᠠ ᠭᠡᠵᠦ ᠳᠣᠲᠣᠷ᠎ᠠ ᠪᠠᠨ ᠪᠣᠳᠣᠭᠰᠠᠨ ᠪᠣᠯᠪᠠᠴᠤ ᠬᠡᠯᠡᠵᠦ ᠴᠢᠳᠠᠭᠰᠠᠨ ᠦᠭᠡᠢ᠃  ᠲᠡᠭᠡᠭᠡᠳ ᠯᠡ ᠡᠨᠳᠡ ᠲᠡᠨᠳᠡ ᠡᠴᠡ ᠡᠮᠨᠡᠯᠭᠡ ᠶ᠋ᠢᠨ ᠬᠤᠪᠴᠠᠰᠤ ᠠᠪᠬᠤ ᠳᠤ ᠪᠠᠨ ᠳᠣᠲᠣᠷ᠎ᠠ ᠪᠠᠨ ᠳᠤᠷᠠᠰᠢᠯ ᠢ᠋ᠶ᠋ᠠᠷ ᠠᠨᠠᠢᠬᠠᠨ ᠪᠠᠢᠭᠰᠠᠨ ᠪᠣᠯᠪᠠᠴᠤ ᠲᠦᠪᠰᠢᠨ ᠭᠤᠸᠠᠢ ᠬᠡᠷᠡᠭ ᠶᠠᠪᠤᠳᠠᠯ ᠳ᠋ᠤ᠌ ᠳᠡᠮᠡᠢ ᠡᠨᠳᠡᠯ ᠭᠠᠷᠭᠠᠳᠠᠭ ᠦᠭᠡᠢ ᠶ᠋ᠢ ᠮᠡᠳᠡᠬᠦ ᠲᠤᠯᠠ ᠠᠶᠠᠯᠳᠤᠨ ᠳᠠᠭᠠᠵᠠᠢ᠃ 
       ᠲᠡᠷᠡ ᠬᠣᠶᠠᠷ ᠪᠠᠭ‍ᠰᠢ ᠱᠠᠪᠢ ᠪᠤᠶᠤ ᠡᠮᠴᠢ ᠲᠤᠰᠠᠯᠠᠭᠴᠢ ᠶ᠋ᠢᠨ ᠬᠠᠷᠢᠴᠠᠭ᠎ᠠ ᠪᠠᠷ ᠠᠵᠢᠯ ᠢ᠋ᠶ᠋ᠠᠨ ᠬᠤᠪᠢᠶᠠᠯᠴᠠᠨ᠂ ᠲᠤᠰᠬᠠᠢ ᠲᠣᠬᠢᠷᠠᠭᠤᠯᠤᠭᠰᠠᠨ ᠬᠢᠴᠢᠶᠡᠯ ᠦ᠋ᠨ ᠭᠡᠷ ᠲᠦ᠍ ᠰᠤᠷᠤᠭᠴᠢᠳ ᠤ᠋ᠨ ᠪᠡᠶ᠎ᠡ ᠶ᠋ᠢᠨ ᠡᠷᠡᠭᠦᠯ ᠴᠢᠭᠢᠷᠠᠭ ᠢ᠋ ᠪᠠᠢᠴᠠᠭᠠᠨ ᠠᠰᠠᠭᠤᠵᠤ ᠪᠠᠢᠯ᠎ᠠ᠃  
       ᠨᠡᠯᠢᠶᠡᠳ ᠬᠡᠦᠬᠡᠳ ᠦ᠋ᠨ ᠪᠡᠶ᠎ᠡ ᠶ᠋ᠢ ᠪᠠᠢᠴᠠᠭᠠᠭᠰᠠᠨ ᠤ᠋ ᠳᠠᠷᠠᠭ᠎ᠠ ᠠᠷᠪᠠᠨ ᠲᠠᠪᠤ ᠵᠢᠷᠭᠤᠭᠠᠨ ᠨᠠᠰᠤᠨ ᠤ᠋ ᠨᠢᠭᠡ ᠰᠤᠷᠤᠭᠴᠢ ᠣᠷᠣᠵᠤ ᠢᠷᠡᠬᠦ ᠳ᠋ᠦ᠍ ᠡᠳᠡ ᠬᠣᠶᠠᠭᠤᠯᠠ ᠶ᠋ᠢᠨ ᠬᠠᠵᠠᠭᠤ ᠳ᠋ᠤ᠌ ᠪᠠᠢᠭᠰᠠᠨ ᠰᠤᠷᠭᠠᠭᠤᠯᠢ ᠶ᠋ᠢᠨ ᠳᠠᠷᠤᠭ᠎ᠠ ᠲᠦᠪᠰᠢᠨ ᠳ᠋ᠦ᠍ ᠨᠢᠳᠦᠨ ᠳᠣᠬᠢᠶ᠎ᠠ ᠥᠭᠪᠡ᠃  
       ᠲᠡᠭᠡᠭᠡᠳ ᠲᠡᠷᠡ ᠬᠡᠦᠬᠡᠳ ᠲᠦ᠍᠄ 
       — ᠡᠨᠡ ᠬᠣᠶᠠᠷ ᠡᠮᠴᠢ ᠪᠣᠯ ᠡᠷᠡᠭᠦᠯ ᠬᠠᠮᠠᠭᠠᠯᠠᠯ ᠤ᠋ᠨ ᠪᠠᠢᠭᠤᠯᠭ᠎ᠠ ᠠ᠋ᠴᠠ ᠮᠠᠨ ᠤ᠋ ᠰᠤᠷᠭᠠᠭᠤᠯᠢ ᠶ᠋ᠢᠨ ᠰᠤᠷᠤᠭᠴᠢᠳ ᠤ᠋ᠨ ᠪᠡᠶ᠎ᠡ ᠶ᠋ᠢᠨ ᠡᠷᠡᠭᠦᠯ ᠴᠢᠭᠢᠷᠠᠭ ᠤ᠋ᠨ ᠪᠠᠢᠳᠠᠯ ᠪᠣᠯᠤᠨ ᠥᠩᠭᠡᠷᠡᠭᠰᠡᠨ ᠳ᠋ᠦ᠍ ᠡᠪᠡᠳᠴᠢᠨ ᠢ᠋ᠶ᠋ᠡᠨ ᠡᠮᠨᠡᠭᠦᠯᠦᠭᠰᠡᠨ ᠪᠠᠢᠳᠠᠯ ᠢ᠋ ᠪᠠᠢᠴᠠᠭᠠᠬᠤ ᠪᠠᠷ ᠢᠷᠡᠭᠰᠡᠨ ᠶᠦᠮ᠃ ᠴᠢ ᠪᠠᠢᠴᠠᠭᠠᠯᠭᠠᠬᠤ ᠳᠤᠮᠳᠠ ᠪᠠᠨ ᠬᠥᠮᠦᠨ ᠦ᠌ ᠠᠰᠠᠭᠤᠭᠰᠠᠨ ᠢ᠋ ᠰᠠᠢᠬᠠᠨ ᠬᠠᠷᠢᠭᠤᠯᠵᠤ ᠥᠭ ᠭᠡᠯ᠎ᠡ᠃ 
       ᠲᠦᠪᠰᠢᠨ ᠡᠨᠡ ᠰᠤᠷᠤᠭᠴᠢ ᠶ᠋ᠢᠨ ᠳᠡᠭᠡᠳᠦ ᠪᠡᠶ᠎ᠡ ᠶ᠋ᠢ ᠴᠢᠩᠨᠠᠭᠤᠷ ᠢ᠋ᠶ᠋ᠠᠷ ᠴᠢᠩᠨᠠᠬᠤ ᠶ᠋ᠢᠨ ᠳᠠᠭᠠᠤ᠄ 
       — ᠴᠢ ᠥᠩᠭᠡᠷᠡᠭᠰᠡᠨ ᠳ᠋ᠦ᠍ ᠬᠦᠨᠳᠦ ᠡᠪᠡᠳᠴᠢᠨ ᠣᠯᠵᠤ ᠥᠩᠭᠡᠷᠡᠪᠡ ᠤᠤ? ᠭᠡᠵᠦ ᠠᠰᠠᠭᠤᠪᠠ᠃ 
       — ᠦᠭᠡᠢ᠂ ᠨᠢᠳᠤᠨᠤᠨ ᠵᠢᠯ ᠬᠥᠯ ᠬᠤᠭᠤᠷᠠᠭᠠᠳ ᠬᠡᠳᠦᠨ ᠡᠳᠦᠷ ᠡᠮᠨᠡᠭᠦᠯᠦᠭᠰᠡᠨ᠃ ᠣᠳᠣ ᠭᠡᠮ ᠦᠭᠡᠢ᠃ 
       — ᠬᠥᠯ ᠢ᠋ᠶ᠋ᠡᠨ ᠶᠠᠭᠠᠬᠢᠭᠠᠳ ᠬᠤᠭᠤᠯᠴᠢᠬᠠᠭᠰᠠᠨ ᠶᠤᠮ?
       — ᠭᠤᠯᠭᠤᠭᠤᠷ ᠳᠡᠭᠡᠷ᠎ᠡ ᠨᠠᠭᠠᠳᠴᠤ ᠪᠠᠢᠭᠠᠳ ᠤᠨᠠᠭᠠᠳ ᠬᠤᠭᠤᠯᠴᠢᠬᠠᠭᠰᠠᠨ᠃ 
       ᠡᠨᠡ ᠦᠶ᠎ᠡ ᠳ᠋ᠦ᠍ ᠰᠤᠷᠭᠠᠭᠤᠯᠢ ᠶ᠋ᠢᠨ ᠳᠠᠷᠤᠭ᠎ᠠ ᠠᠮᠠ ᠨᠡᠭᠡᠭᠡᠵᠦ᠄ 
       — ᠡᠨᠡ ᠬᠦᠦ ᠶ᠋ᠢᠨ ᠬᠥᠯ ᠢ᠋ ᠰᠡᠭᠦᠳᠡᠷᠯᠡᠬᠦ ᠭᠡᠵᠦ ᠪᠠᠢᠭᠠᠳ ᠡᠮᠨᠡᠯᠭᠡ ᠶ᠋ᠢᠨ ᠬᠣᠷᠢᠶᠠᠨ ᠤ᠋ ᠡᠮᠴᠢ X ᠰᠠᠴᠤᠷᠠᠭ ᠤ᠋ᠨ ᠮᠠᠰᠢᠨ ᠢ᠋ᠶ᠋ᠠᠨ ᠤᠨᠠᠭᠠᠵᠤ ᠡᠪᠳᠡᠯᠡᠭᠡᠳ ᠶᠡᠬᠡ ᠶᠠᠷᠰᠢᠭ ᠪᠣᠯᠤᠭᠰᠠᠨ ᠰᠢᠦ ᠭᠡᠪᠡ᠃ ᠲᠦᠪᠰᠢᠨ ᠦᠭᠡ ᠶ᠋ᠢ ᠨᠢ ᠵᠠᠯᠭᠠᠨ᠄ 
       — ᠦ᠂ ᠡᠨᠡ ᠬᠦᠦ ᠪᠠᠷᠤᠭ ᠯᠠ ᠠᠯᠢᠶᠠᠯᠠᠵᠤ ᠪᠠᠢᠭᠠᠳ ᠬᠥᠮᠦᠨ ᠦ᠌ ᠮᠠᠰᠢᠨ ᠢ᠋ ᠲᠦᠯᠬᠢᠴᠢᠬᠡᠭᠰᠡᠨ ᠪᠠᠢᠬ᠎ᠠ ᠭᠡᠵᠦ ᠭᠡᠨᠡᠳᠡᠭᠦᠯᠦᠨ ᠬᠡᠯᠡᠪᠡ᠃ 
       ᠲᠡᠷᠡ ᠬᠦᠦ ᠰᠠᠨᠳᠤᠷᠤᠨ ᠪᠠᠴᠢᠮᠳᠠᠵᠤ᠄ 
       — ᠪᠢ ᠲᠦᠯᠬᠢᠭᠰᠡᠨ ᠪᠢᠰᠢ᠂ ᠲᠡᠷᠡ X ᠰᠠᠴᠤᠷᠠᠭ ᠤ᠋ᠨ ᠮᠠᠰᠢᠨ ᠢ᠋ ᠡᠮᠴᠢ ᠠᠶᠢ ᠥᠪᠡᠷ ᠢ᠋ᠶ᠋ᠡᠨ ᠤᠨᠠᠭᠠᠭᠰᠠᠨ ᠶᠤᠮ᠃ 
       — ᠲᠡᠷᠡ ᠡᠳᠦᠷ ᠡᠳᠦᠷ ᠰᠡᠭᠦᠳᠡᠷ ᠲᠠᠲᠠᠳᠠᠭ ᠬᠥᠮᠦᠨ ᠪᠠᠢᠭᠠᠳ ᠶᠠᠭᠤ ᠭᠡᠵᠦ ᠮᠠᠰᠢᠨ ᠢ᠋ᠶ᠋ᠠᠨ ᠤᠨᠠᠭᠠᠬᠤ ᠪᠣᠢ? 
       — ᠦᠨᠡᠬᠡᠷ ᠲᠡᠷᠡ ᠥᠪᠡᠷ ᠢ᠋ᠶ᠋ᠡᠨ ᠤᠨᠠᠭᠠᠵᠠᠢ᠃ ᠲᠡᠷᠡ ᠠᠶᠢ ᠮᠢᠨᠦ ᠬᠥᠯ ᠦ᠋ᠨ ᠪᠣᠭᠣᠳᠠᠯ ᠢ᠋ ᠳᠡᠢᠯᠵᠦ ᠪᠠᠢᠭᠠᠳ ᠴᠣᠬᠣᠮ ᠶᠠᠭᠤ ᠦᠵᠡᠭᠰᠡᠨ ᠢ᠋ ᠮᠡᠳᠡᠬᠦ ᠦᠭᠡᠢ᠂ ᠨᠡᠯᠢᠶᠡᠳ ᠤᠳᠠᠭᠠᠨ ᠠᠵᠢᠭᠯᠠᠭᠰᠠᠨ᠃ 
       — ᠲᠡᠭᠡᠭᠡᠳ X ᠰᠠᠴᠤᠷᠠᠭ ᠤ᠋ᠨ ᠭᠡᠷ ᠲᠡᠬᠢ ᠪᠦᠳᠡᠭᠢ ᠳ᠋ᠧᠩ ᠢ᠋ᠶ᠋ᠡᠨ ᠨᠣᠴᠣᠭᠠᠭᠠᠳ ᠦᠷᠭᠦᠯᠵᠢᠯᠡᠨ ᠬᠠᠷᠠᠵᠤ ᠯᠠ ᠪᠠᠢᠪᠠ᠃ 
       — ᠢᠩᠭᠢᠭᠰᠡᠭᠡᠷ ᠪᠠᠢᠵᠤ ᠴᠢᠷᠠᠢ ᠨᠢ ᠮᠠᠭᠤᠬᠠᠢ ᠪᠣᠯᠤᠭᠠᠳ ᠤᠬᠢᠯᠠᠮᠠᠷ ᠪᠣᠯᠵᠤ ᠪᠠᠢᠭᠰᠠᠨ᠃ ᠪᠢ ᠳᠣᠲᠣᠷ᠎ᠠ ᠪᠠᠨ ᠮᠢᠨᠦ ᠰᠢᠷᠬ᠎ᠠ ᠰᠦᠷᠡᠬᠡᠢ ᠮᠠᠭᠤᠬᠠᠢ ᠪᠠᠢᠬᠤ ᠴᠦ᠍ ᠶᠤᠮ ᠤᠤ ᠭᠡᠵᠦ ᠪᠣᠳᠣᠯ᠎ᠠ᠃ ᠰᠠᠢᠨ ᠵᠠᠯᠭᠠᠭᠳᠠᠭᠰᠠᠨ ᠦᠭᠡᠢ ᠪᠣᠯ ᠰᠡᠭᠦᠯ ᠳ᠋ᠦ᠍ ᠬᠠᠵᠠᠭᠠᠷ ᠳᠣᠭᠣᠯᠠᠩ ᠪᠣᠯᠴᠢᠬᠠᠬᠤ ᠪᠠᠢᠬ᠎ᠠ ᠭᠡᠵᠦ ᠶᠡᠬᠡ ᠠᠶᠤᠭᠰᠠᠨ᠃ ᠲᠡᠭᠡᠭᠡᠳ ᠪᠢ ᠰᠠᠨᠳᠤᠷᠬᠤ ᠳᠤ ᠪᠠᠨ 《ᠠᠶᠢ ᠮᠢᠨᠦ ᠬᠥᠯ ᠰᠠᠢᠨ ᠪᠣᠯᠬᠤ ᠦᠭᠡᠢ ᠤᠤ》 ᠭᠡᠳ ᠬᠠᠰᠬᠢᠷᠪᠠ᠃ 
       — ᠲᠡᠷᠡ ᠮᠢᠨᠦ ᠭᠡᠨᠡᠳᠲᠡ ᠶ᠋ᠢᠨ ᠠᠰᠠᠭᠤᠯᠲᠠ ᠳ᠋ᠤ᠌ ᠰᠣᠴᠢᠵᠤ᠂ ᠪᠠᠭ᠎ᠠ ᠳ᠋ᠧᠩ ᠢ᠋ᠶ᠋ᠡᠨ ᠨᠣᠴᠣᠭᠠᠬᠤ ᠠ᠋ᠴᠠ ᠪᠠᠨ ᠡᠮᠦᠨ᠎ᠡ ᠶᠡᠬᠡ ᠳ᠋ᠧᠩ ᠢ᠋ᠶ᠋ᠡᠨ ᠤᠨᠲᠠᠷᠠᠭᠠᠭᠰᠠᠨ ᠳ᠋ᠤ᠌ ᠪᠦᠬᠦ ᠭᠡᠷ ᠫᠠᠳ ᠬᠠᠷᠠᠩᠭᠤᠢ ᠪᠣᠯᠤᠯ᠎ᠠ᠃ ᠲᠡᠷᠡ ᠠᠶᠢ ᠠᠮᠠᠨ ᠳᠤ ᠪᠠᠨ᠂ 《ᠭᠡᠮ ᠦᠭᠡᠢ᠂ ᠭᠡᠮ ᠦᠭᠡᠢ》ᠭᠡᠳ ᠤᠬᠤᠰᠬᠢᠨ ᠪᠣᠰᠬᠤ ᠳᠤ ᠪᠠᠨ X ᠰᠠᠴᠤᠷᠠᠭ ᠤ᠋ᠨ ᠮᠠᠰᠢᠨ ᠢ᠋ᠶ᠋ᠠᠨ ᠨᠢᠷᠤᠭᠤ ᠪᠠᠷ ᠢ᠋ᠶ᠋ᠠᠨ ᠲᠦᠯᠬᠢᠵᠦ ᠤᠨᠠᠭᠠᠭᠰᠠᠨ ᠪᠣᠯᠤᠯᠲᠠᠢ᠂ ᠲᠦᠩ ᠳᠠᠩ ᠭᠡᠰᠡᠨ ᠳᠠᠭᠤ ᠭᠠᠷᠬᠤ ᠳ᠋ᠤ᠌ ᠪᠢ ᠴᠣᠬᠣᠮ ᠨᠢᠭᠡ ᠰᠣᠴᠢᠵᠤ ᠠᠪᠤᠯ᠎ᠠ᠃  ᠲᠡᠷᠡ ᠠᠶᠢ ᠳᠠᠬᠢᠨ ᠳ᠋ᠧᠩ ᠢ᠋ᠶ᠋ᠡᠨ ᠨᠣᠴᠣᠭᠠᠨ ᠭᠠᠵᠠᠷ ᠤᠨᠠᠭᠰᠠᠨ ᠮᠠᠰᠢᠨ ᠢ᠋ᠶ᠋ᠠᠨ ᠬᠠᠷᠠᠭᠠᠳ ᠨᠠᠳᠠ᠂ 《ᠥᠨᠥᠳᠥᠷ ᠰᠡᠭᠦᠳᠡᠷᠯᠡᠵᠦ ᠳᠡᠢᠯᠬᠦ ᠦᠭᠡᠢ ᠪᠣᠯᠵᠠᠢ᠃ ᠣᠳᠣ ᠬᠠᠷᠢ ᠳᠠ᠃ ᠰᠡᠭᠦᠯᠡᠷ ᠠᠢ ᠨᠢ ᠴᠢᠮ᠎ᠠ ᠳ᠋ᠤ᠌ ᠰᠡᠭᠦᠳᠡᠷᠯᠡᠵᠦ ᠥᠭᠭᠦᠶ᠎ᠡ》 ᠭᠡᠵᠦ ᠬᠡᠯᠡᠭᠰᠡᠨ ᠶᠦᠮ ᠭᠡᠵᠦ ᠲᠡᠷᠡ ᠬᠡᠦᠬᠡᠳ ᠴᠣᠪᠣᠭᠣ ᠳᠡᠭᠵᠢᠨ ᠶᠠᠷᠢᠯ᠎ᠠ᠃ 
       ᠲᠦᠪᠰᠢᠨ ᠲᠡᠷᠡ ᠬᠦᠦ ᠶ᠋ᠢᠨ ᠳᠡᠷᠭᠡᠳᠡ ᠬᠦᠷᠦᠭᠡᠳ᠄ 
       — ᠴᠢ ᠬᠥᠯ ᠢ᠋ᠶ᠋ᠡᠨ ᠨᠠᠭᠠᠰᠢ ᠥᠭ᠂ ᠪᠢ ᠴᠢᠨᠦ ᠬᠤᠭᠤᠷᠠᠭᠰᠠᠨ ᠬᠥᠯ ᠢ᠋ ᠪᠠᠢᠴᠠᠭᠠᠵᠤ ᠦᠵᠡᠶ᠎ᠡ᠃ ᠰᠠᠢᠬᠠᠨ ᠵᠠᠯᠭᠠᠭᠳᠠᠵᠤ ᠤᠤ ᠦᠭᠡᠢ ᠤᠤ? ᠨᠠᠭᠠᠰᠢ ᠪᠠᠨ ᠭᠡᠯ᠎ᠡ᠃ 
       ᠲᠡᠷᠡ᠂ ᠡᠨᠡ ᠪᠢᠴᠢᠬᠠᠨ ᠬᠦᠦ ᠶ᠋ᠢᠨ ᠬᠤᠭᠤᠷᠠᠭᠰᠠᠨ ᠬᠥᠯ ᠦ᠋ᠨ ᠡᠨᠳᠡ ᠲᠡᠨᠳᠡᠬᠢ ᠶ᠋ᠢ ᠨᠢ ᠢᠯᠢᠵᠦ ᠨᠤᠬᠤᠯᠠᠨ ᠡᠯᠳᠡᠪ ᠢ᠋ᠶ᠋ᠡᠷ ᠬᠢᠮᠤᠰᠤᠯᠠᠨ ᠶᠠᠰᠤ ᠶ᠋ᠢ ᠨᠢ ᠲᠡᠮᠲᠡᠷᠢᠬᠦ ᠨᠢ ᠶᠠᠰᠤᠨ ᠤ᠋ ᠰᠠᠯᠠᠭᠠᠨ ᠤ᠋ ᠲᠤᠷᠰᠢᠯᠭ᠎ᠠ ᠲᠠᠢ ᠡᠮᠴᠢ ᠰᠢᠭ ᠯᠡ ᠪᠠᠢᠯ᠎ᠠ᠃  ᠡᠨᠡ ᠳᠤᠮᠳᠠ ᠨᠢᠭᠤᠷ ᠲᠤᠨᠢ ᠦᠯᠦ ᠮᠡᠳᠡᠭᠳᠡᠮ᠎ᠡ ᠢᠨᠢᠶᠡᠮᠰᠦᠭᠯᠡᠯ ᠲᠣᠳᠣᠷᠠᠬᠤ ᠪᠣᠯᠪᠠᠴᠤ ᠳᠣᠣᠷ᠎ᠠ ᠨᠢ ᠠᠷᠢᠯᠵᠤ ᠪᠠᠢᠯ᠎ᠠ᠃ ᠡᠨᠡ ᠬᠦᠦ ᠶ᠋ᠢᠨ ᠪᠠᠢᠴᠠᠭᠠᠯᠲᠠ ᠶ᠋ᠢ ᠲᠡᠭᠦᠰᠬᠡᠭᠡᠳ ᠦᠷᠭᠦᠯᠵᠢᠯᠡᠨ ᠥᠭᠡᠷ᠎ᠡ ᠬᠡᠦᠬᠡᠳ ᠢ᠋ ᠪᠠᠢᠴᠠᠭᠠᠭᠰᠠᠭᠠᠷ ᠪᠠᠢᠯ᠎ᠠ᠃  
       ᠰᠡᠭᠦᠯᠳᠡᠵᠦ ᠢᠷᠡᠭᠡᠳ ᠬᠤᠷᠳᠤᠴᠠ ᠨᠢ ᠪᠠᠬᠠᠨ ᠨᠡᠮᠡᠭᠳᠡᠭᠰᠡᠨ ᠴᠦ᠍ ᠪᠠᠰᠠ ᠵᠢᠭᠲᠡᠢ ᠨᠠᠷᠢᠨ ᠬᠢᠨᠠᠮᠠᠭᠠᠢ ᠪᠠᠢᠯ᠎ᠠ᠃ ᠴᠣᠬᠣᠮ ᠡᠪᠡᠳᠴᠢᠨ ᠪᠠᠢᠬᠤ ᠡᠰᠡᠬᠦ ᠶ᠋ᠢ ᠲᠣᠳᠣᠯᠠᠵᠤ ᠭᠠᠷᠴᠤ ᠪᠠᠢᠬᠤ ᠡᠰᠡᠬᠦ ᠶ᠋ᠢ ᠬᠡᠨ ᠮᠡᠳᠡᠬᠦ ᠪᠣᠢ᠃ ᠭᠠᠭᠴᠠ ᠯᠠ 《ᠡᠷᠡᠭᠦᠯ》᠂ 《ᠡᠷᠡᠭᠦᠯ》 ᠭᠡᠵᠦ ᠲᠠᠰᠤᠷᠠᠯᠲᠠ ᠦᠭᠡᠢ ᠶᠠᠷᠢᠬᠤ ᠨᠢ ᠶᠡᠬᠡ ᠪᠣᠯᠪᠠᠰᠤᠷᠠᠩᠭᠤᠢ ᠪᠠᠢᠪᠠ᠃ ᠡᠨᠡ ᠬᠣᠶᠠᠷ ᠤ᠋ᠨ ᠪᠠᠢᠴᠠᠭᠠᠯᠲᠠ ᠪᠦᠬᠦᠢᠯᠡ ᠨᠢᠭᠡ ᠦᠳᠡ ᠶ᠋ᠢᠨ ᠬᠣᠢᠨ᠎ᠠ ᠦᠷᠭᠦᠯᠵᠢᠯᠡᠯ᠎ᠡ᠃  
       ᠠᠵᠢᠯ ᠪᠠᠭᠤᠬᠤ ᠶ᠋ᠢᠨ ᠠᠯᠲᠠ ᠪᠠᠷ ᠲᠡᠳᠡ ᠰᠤᠷᠭᠠᠭᠤᠯᠢ ᠶ᠋ᠢᠨ ᠳᠠᠷᠤᠭ᠎ᠠ ᠳ᠋ᠤ᠌ ᠲᠠᠯᠠᠷᠬᠠᠭᠠᠳ ᠡᠨᠳᠡ ᠡᠴᠡ ᠰᠠᠯᠵᠤ ᠶᠠᠪᠤᠯ᠎ᠠ᠃  
       ᠲᠦᠪᠰᠢᠨ ᠦ᠌ ᠬᠥᠩᠬᠥᠷ ᠰᠢᠷ᠎ᠠ ᠨᠢᠳᠦᠨ ᠡᠴᠡ ᠨᠢ ᠪᠠᠶᠠᠷ ᠣᠮᠣᠭᠰᠢᠯ ᠢᠯᠡᠷᠡᠨ᠂ ᠭᠠᠷ ᠢ᠋ᠶ᠋ᠠᠨ ᠬᠦᠴᠦᠲᠡᠢᠬᠡᠨ ᠰᠠᠵᠢᠯᠠᠨ ᠬᠥᠯ ᠢ᠋ᠶ᠋ᠡᠨ ᠠᠶᠠᠷᠬᠠᠨ ᠰᠣᠯᠪᠢᠴᠠᠭᠤᠯᠬᠤ ᠶ᠋ᠢ ᠬᠠᠵᠠᠭᠤ ᠠ᠋ᠴᠠ ᠨᠢ ᠬᠠᠷᠠᠬᠤ ᠳ᠋ᠤ᠌ ᠲᠤᠩ ᠴᠦ᠍ ᠴᠣᠭ ᠵᠣᠯᠢ ᠲᠠᠢ ᠬᠠᠷᠠᠭᠳᠠᠨ᠎ᠠ᠃  
       ᠬᠥᠬᠡᠲᠤᠯᠢ ᠳᠣᠲᠣᠷ᠎ᠠ ᠪᠠᠨ ᠮᠥᠨ ᠯᠡ ᠨᠢᠭᠡ ᠬᠡᠦᠬᠡᠳ ᠦ᠋ᠨ ᠠᠮᠠᠨ ᠠ᠋ᠴᠠ ᠡᠳᠦᠢ ᠲᠡᠳᠦᠢ ᠶᠠᠭᠤᠮ᠎ᠠ ᠤᠢᠯᠠᠭᠠᠬᠤ ᠳ᠋ᠤ᠌ ᠠᠷᠠᠢ ᠡᠢᠮᠦ ᠶᠡᠬᠡ ᠬᠠᠯᠬᠠᠪᠴᠢ ᠵᠣᠬᠢᠶᠠᠨ ᠬᠠᠭᠤᠷᠮᠠᠭ ᠠᠭᠠᠰᠢᠯᠠᠨ ᠨᠢᠭᠤᠴᠠ ᠪᠠᠷ ᠪᠠᠢᠴᠠᠭᠠᠬᠤ ᠴᠦ᠍ ᠬᠡᠷᠡᠭ ᠦᠭᠡᠢ ᠪᠠᠢᠬ᠎ᠠ ᠭᠡᠵᠦ ᠴᠠᠭᠠᠨ᠎ᠠ ᠠ᠋ᠴᠠ ᠪᠠᠨ ᠲᠣᠭᠣᠮᠰᠠᠷ ᠦᠭᠡᠢ ᠪᠣᠳᠣᠵᠤ ᠶᠠᠪᠤᠨ᠎ᠠ᠃ 

          ᠤᠩᠰᠢᠭᠰᠠᠨ ᠨᠢ ᠄ ᠴᠡᠴᠡᠭᠮ᠎ᠡ