ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠵᠢᠷᠭᠤᠭ᠎ᠠ> Хялгасан дөрөөн дээр – Хасвулаг зохиов <26> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠵᠢᠷᠭᠤᠭ᠎ᠠ> Хялгасан дөрөөн дээр – Хасвулаг зохиов <26>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠵᠢᠷᠭᠤᠭ᠎ᠠ> Хялгасан дөрөөн дээр – Хасвулаг зохиов <26>

ᠠᠩᠭᠢᠯᠠᠯ:ᠲᠤᠭᠤᠵᠢ ᠷᠣᠮᠠᠨ
2026-02-20

85

ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠵᠢᠷᠭᠤᠭ᠎ᠠ>


               ᠬᠣᠷᠢᠨ ᠵᠢᠷᠭᠤᠭ᠎ᠠ

       ᠰᠥᠨᠢ ᠫᠠᠳ ᠬᠠᠷᠠᠩᠭᠤᠢ᠃ 
       ᠬᠡᠳᠦᠢᠪᠡᠷ ᠲᠦᠮᠡᠨᠨᠠᠰᠤᠲᠤ ᠬᠣᠲᠠ ᠶ᠋ᠢᠨ ᠭᠣᠣᠯ ᠵᠡᠭᠡᠯᠢ ᠪᠡᠷ ᠳ᠋ᠧᠩ ᠦ᠋ᠨ ᠭᠡᠷᠡᠯ ᠳᠤᠸᠠᠯᠠᠨ ᠭᠢᠯᠠᠯᠵᠠᠵᠤ ᠪᠠᠢᠭᠰᠠᠨ ᠪᠣᠯᠪᠠᠴᠤ ᠨᠠᠷᠢᠨ ᠭᠤᠳᠤᠮᠵᠢ ᠂ ᠮᠤᠬᠤᠷ ᠪᠤᠯᠤᠩ ᠢ᠋ᠶ᠋ᠠᠷ ᠨᠢ ᠡᠷᠡᠬᠡᠢ ᠬᠤᠷᠤᠭᠤ ᠦᠵᠡᠭᠳᠡᠬᠦ ᠦᠭᠡᠢ ᠬᠠᠷᠠᠩᠭᠤᠢ ᠪᠠᠢᠯ᠎ᠠ᠃  
       ᠲᠦᠪᠰᠢᠨ ᠭᠤᠸᠠᠢ ᠶᠠᠭ ᠯᠠ ᠭᠠᠯᠵᠠᠭᠤ ᠰᠣᠯᠢᠶᠠᠲᠠᠢ ᠬᠥᠮᠦᠨ ᠰᠢᠭ ᠠᠯᠢ ᠬᠠᠷᠠᠩᠭᠤᠢ ᠵᠢᠵᠢᠭ ᠭᠤᠳᠤᠮᠵᠢ᠂ ᠳ᠋ᠧᠩ ᠦ᠋ᠨ ᠭᠡᠷᠡᠯ ᠮᠠᠭᠤᠬᠠᠨ ᠵᠡᠭᠡᠯᠢ ᠶ᠋ᠢᠨ ᠬᠠᠵᠠᠭᠤ ᠶ᠋ᠢ ᠳᠠᠭᠠᠨ ᠬᠠᠷ᠎ᠠ ᠬᠤᠷᠳᠤ ᠪᠠᠷ ᠢ᠋ᠶ᠋ᠠᠨ ᠭᠦᠶᠦᠨ᠎ᠡ᠃  ᠪᠠᠢᠳᠠᠯ ᠠ᠋ᠴᠠ ᠨᠢ ᠦᠵᠡᠬᠦ ᠳ᠋ᠦ᠍ ᠶᠠᠭ ᠯᠠ ᠲᠡᠭᠦᠨ ᠦ᠌ ᠬᠣᠢᠨ᠎ᠠ ᠠ᠋ᠴᠠ ᠶᠠᠮᠠᠷ ᠨᠢᠭᠡᠨ ᠬᠥᠮᠦᠨ ᠬᠥᠭᠡᠭᠡᠵᠦ ᠪᠠᠢᠬᠤ ᠰᠢᠭ᠋ ᠪᠣᠯᠪᠠᠴᠤ ᠭᠡᠳᠡᠷᠭᠦ ᠪᠡᠨ ᠬᠠᠷᠠᠯ ᠦᠭᠡᠢ ᠡᠮᠦᠨᠡᠰᠢ ᠲᠡᠮᠡᠦᠯᠬᠦ ᠡᠴᠡ ᠨᠢ ᠪᠠᠷᠤᠭᠯᠠᠪᠠᠯ ᠠᠷᠤ ᠠ᠋ᠴᠠ ᠨᠢ ᠬᠥᠮᠦᠨ ᠬᠥᠭᠡᠭᠡᠵᠦ ᠦᠭᠡᠢ ᠪᠣᠯᠤᠯᠲᠠᠢ᠃ ᠲᠡᠷᠡ ᠨᠢᠭᠡ ᠯᠡ ᠠᠮᠢᠰᠬᠤᠭ᠎ᠠ ᠪᠠᠷ ᠭᠦᠶᠦᠭᠰᠡᠭᠡᠷ ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠳ᠋ᠤ᠌ ᠢᠷᠡᠵᠦ᠂ ᠡᠮ ᠦ᠋ᠨ ᠭᠡᠷ ᠦ᠋ᠨ ᠴᠣᠩᠬᠣᠨ ᠳᠡᠷᠭᠡᠳᠡ ᠬᠦᠷᠴᠦ ᠢᠷᠡᠯ᠎ᠡ᠃ ᠲᠡᠭᠦᠨ ᠦ᠌ ᠠᠮᠢᠰᠬᠤᠭ᠎ᠠ ᠨᠢ ᠳᠡᠭᠡᠷᠡᠳᠡᠨ᠂ ᠠᠩᠬᠠᠨ ᠤ᠋ ᠠᠮᠢᠰᠬᠤᠯ ᠨᠢ ᠳᠠᠷᠠᠭᠠᠴᠢ ᠶ᠋ᠢᠨ ᠠᠮᠢᠰᠬᠤᠯ ᠢ᠋ᠶ᠋ᠠᠨ ᠵᠠᠯᠭᠠᠬᠤ ᠳ᠋ᠤ᠌ ᠪᠡᠷᠬᠡ ᠲᠡᠢ ᠰᠢᠭ ᠰᠠᠨᠠᠭᠳᠠᠨ᠎ᠠ᠃  
       ᠲᠡᠷᠡ ᠡᠨᠡ ᠪᠦᠬᠦᠨ ᠢ᠋ᠶ᠋ᠡᠨ ᠬᠠᠮᠢᠶᠠᠷᠤᠯ ᠦᠭᠡᠢ ᠪᠡᠷ ᠡᠮ ᠦ᠋ᠨ ᠭᠡᠷ ᠦ᠋ᠨ ᠪᠢᠴᠢᠬᠠᠨ ᠴᠣᠩᠬᠣ ᠪᠠᠷ ᠳᠣᠲᠣᠭᠰᠢ ᠬᠠᠷᠠᠬᠤᠯ᠎ᠠ ᠡᠦ ᠹᠧᠩ ᠮᠧᠢ ᠡᠮ ᠦ᠋ᠨ ᠲᠠᠯᠪᠢᠭᠤᠷ ᠤ᠋ᠨ ᠨᠠᠭᠠᠭᠤᠷ ᠴᠠᠭᠠᠭᠤᠷ ᠶᠠᠭᠠᠷᠠᠯᠲᠠᠢ ᠡᠷᠭᠢᠴᠡᠵᠦ ᠪᠠᠢᠬᠤ ᠬᠠᠷᠠᠭᠳᠠᠪᠠ᠃ ᠲᠡᠷᠡ ᠠᠮᠢᠰᠬᠤᠭ᠎ᠠ ᠪᠠᠨ ᠪᠠᠭ᠎ᠠ ᠳᠠᠷᠤᠭᠠᠳ ᠡᠮ ᠦ᠋ᠨ ᠭᠡᠷ ᠦ᠋ᠨ ᠡᠭᠦᠳᠡ ᠶ᠋ᠢ ᠬᠥᠩᠭᠡᠬᠡᠨ ᠲᠣᠭᠰᠢᠪᠠ᠃  
       ᠪᠠᠬᠠᠨ ᠵᠣᠭᠬᠢᠭᠠᠳ ᠡᠦ ᠹᠧᠩ ᠮᠧᠢ ᠡᠭᠦᠳᠡᠨ ᠰᠢᠯ ᠦ᠋ᠨ ᠢ᠋ᠶ᠋ᠡᠨ ᠪᠦᠷᠬᠦᠭᠦᠯ ᠢ᠋ ᠢᠷᠡᠵᠦ ᠬᠠᠷᠠᠭᠰᠠᠨ ᠢ᠋ᠶ᠋ᠠᠨ ᠲᠦᠪᠰᠢᠨ ᠪᠣᠯᠬᠤ ᠶ᠋ᠢ ᠲᠠᠨᠢᠵᠤ ᠡᠭᠦᠳᠡ ᠪᠡᠨ ᠬᠤᠷᠳᠤᠬᠠᠨ ᠨᠡᠭᠡᠭᠡᠪᠡ᠃  
       ᠲᠡᠷᠡ ᠲᠦᠪᠰᠢᠨ ᠢ᠋ ᠨᠢᠭᠡ ᠵᠡᠷᠭᠡ ᠠᠵᠢᠭᠯᠠᠭᠰᠠᠨ ᠢ᠋ᠶ᠋ᠠᠨ ᠳᠣᠣᠷ᠎ᠠ ᠨᠢ ᠴᠢᠷᠠᠢ ᠨᠢ ᠬᠤᠪᠢᠷᠠᠨ ᠠᠶᠤᠬᠤ ᠳᠤ ᠪᠠᠨ ᠠᠮᠠ ᠪᠠᠨ ᠳᠠᠷᠤᠨ ᠭᠡᠳᠡᠷᠭᠦ ᠤᠬᠤᠷᠢᠯ᠎ᠠ᠃  
       ᠤᠤᠯ ᠨᠢ ᠲᠦᠪᠰᠢᠨ ᠪᠢᠴᠢᠬᠠᠨ ᠪᠠᠭᠤᠳᠠᠯ ᠳ᠋ᠠᠬᠢ ᠳ᠋ᠢᠶᠠᠩᠬᠤᠸᠠ ᠪᠠᠷ ᠬᠠᠮᠢᠶ᠎ᠠ ᠪᠦᠬᠦᠢ ᠪᠠᠢᠭᠤᠯᠭ᠎ᠠ ᠲᠠᠢ ᠬᠠᠷᠢᠯᠴᠠᠵᠤ ᠪᠠᠷᠠᠭᠠᠳ ᠨᠢᠭᠤᠷ ᠳᠠᠬᠢ ᠴᠢᠰᠤ ᠨᠥᠵᠢ ᠪᠡᠨ ᠪᠠᠭ᠎ᠠ ᠰᠠᠭ᠎ᠠ ᠠᠷᠴᠢᠨ ᠴᠡᠪᠡᠷᠯᠡᠭᠡᠳ ᠡᠮᠨᠡᠯᠭᠡ ᠤᠷᠤᠭᠤ ᠶᠠᠭᠠᠷᠠᠤ ᠭᠦᠶᠦᠭᠰᠡᠨ ᠡᠴᠡ ᠰᠢᠷᠬᠠᠨ ᠠ᠋ᠴᠠ ᠨᠢ ᠳᠠᠬᠢᠨ ᠴᠢᠰᠤ ᠨᠥᠵᠢ ᠭᠣᠭᠣᠵᠢᠨ ᠬᠠᠪᠤᠳᠴᠤ ᠬᠥᠬᠡᠷᠡᠭᠡᠳ ᠬᠥᠮᠦᠨ ᠠᠶᠤᠮᠠᠷ ᠳᠦᠷᠢ ᠲᠡᠢ ᠪᠣᠯᠤᠭᠰᠠᠨ ᠠᠵᠢ᠃ ᠡᠦ ᠹᠧᠩ ᠮᠧᠢ ᠨᠡᠯᠢᠶᠡᠳ ᠮᠡᠯᠡᠷᠡᠭᠡᠳ ᠰᠠᠶᠢ ᠤᠬᠠᠭᠠᠷᠠᠨ᠄ 
       — ᠲᠠ ᠣᠳᠣᠬᠠᠨ ᠨᠠᠳᠠ ᠳ᠋ᠢᠶᠠᠩᠬᠤᠸᠠ ᠢᠷᠡᠭᠦᠯᠵᠦ ᠡᠮ ᠦ᠋ᠨ ᠭᠡᠷ ᠦ᠋ᠨ ᠢ᠋ᠶ᠋ᠡᠨ ᠡᠭᠦᠳᠡ ᠶ᠋ᠢ ᠳᠠᠷᠤᠭᠠᠳ ᠬᠥᠮᠦᠨ ᠲᠡᠢ ᠠᠭᠤᠯᠵᠠᠵᠤ ᠪᠣᠯᠬᠤ ᠦᠭᠡᠢ ᠭᠡᠰᠡᠨ ᠨᠢ ᠬᠠᠷᠢᠨ ᠰᠢᠷᠬ᠎ᠠ ᠪᠠᠨ ᠡᠮᠨᠡᠭᠦᠯᠬᠦ ᠭᠡᠵᠦ ᠪᠠᠢᠭᠰᠠᠨ ᠪᠠᠢᠨ᠎ᠠ ᠰᠢᠲᠠ᠃ ᠡᠮ ᠲᠦᠷᠬᠢᠵᠦ ᠪᠣᠭᠣᠬᠤ ᠤᠤ? ᠭᠡᠪᠡ᠃ 
       — ᠮᠢᠨᠦ ᠰᠢᠷᠬ᠎ᠠ ᠬᠡᠭᠵᠢᠷᠡᠵᠦ ᠰᠢᠯᠪᠤᠷᠠᠭᠰᠠᠨ ᠲᠡᠳᠦᠢ᠃ ᠪᠣᠭᠣᠵᠤ ᠪᠠᠭᠯᠠᠬᠤ ᠴᠢᠬᠤᠯᠠ ᠦᠭᠡᠢ᠃ ᠬᠠᠷᠢᠨ ᠲᠠ ᠪᠢᠳᠡᠨ ᠲᠡᠢ ᠨᠢᠭᠡ ᠭᠠᠵᠠᠷ ᠲᠦᠷᠭᠡᠨ ᠣᠴᠢᠬᠤ ᠴᠢᠬᠤᠯᠠ ᠲᠠᠢ ᠪᠣᠯᠵᠠᠢ᠃ 
       — ᠠ᠋᠂ ᠨᠢᠭᠡ ᠭᠠᠵᠠᠷ ᠣᠴᠢᠨ᠎ᠠ ᠭᠡᠨ᠎ᠡ᠃ ᠬᠡᠵᠢᠶ᠎ᠡ? ᠬᠠᠮᠢᠭ᠎ᠠ?  
       — ᠣᠳᠣ ᠪᠠᠷ ᠢ᠋ᠶ᠋ᠠᠨ᠂ ᠡᠨᠳᠡ ᠡᠴᠡ ᠬᠡᠳᠦᠢ ᠬᠤᠷᠳᠤᠨ ᠵᠠᠢᠯᠠᠪᠠᠯ ᠲᠡᠳᠦᠢ ᠰᠠᠢᠨ᠃ 
       ᠶᠠᠭ ᠡᠨᠡ ᠦᠶ᠎ᠡ ᠳ᠋ᠦ᠍ ᠬᠥᠬᠡᠲᠤᠯᠢ ᠭᠠᠳᠠᠨ᠎ᠠ ᠠ᠋ᠴᠠ ᠣᠷᠣᠵᠤ ᠢᠷᠡᠪᠡ᠃ 
       ᠲᠡᠷᠡ ᠲᠦᠪᠰᠢᠨ ᠦ᠌ ᠰᠢᠷᠬ᠎ᠠ ᠰᠣᠷᠪᠢ ᠲᠠᠢ ᠨᠢᠭᠤᠷ ᠴᠢᠷᠠᠢ ᠂ ᠪᠤᠵᠠᠷ ᠪᠤᠷᠲᠠᠭ ᠪᠣᠯᠤᠭᠰᠠᠨ ᠬᠤᠪᠴᠠᠰᠤ ᠬᠤᠨᠠᠷ ᠢ᠋ ᠬᠠᠷᠠᠭᠠᠳ ᠠᠢᠬᠤᠪᠲᠤᠷ ᠰᠣᠴᠢᠭᠰᠠᠨ ᠪᠣᠯᠪᠠᠴᠤ ᠦᠭᠡ ᠳᠤᠤᠭᠠᠷᠤᠭᠰᠠᠨ ᠦᠭᠡᠢ᠃ ᠬᠠᠵᠠᠭᠤ ᠳ᠋ᠤᠨᠢ ᠮᠡᠯᠡᠷᠡᠨ ᠵᠣᠭᠰᠣᠯ᠎ᠠ᠃ 
       — ᠡᠦ ᠹᠧᠩ ᠮᠧᠢ᠂ ᠬᠤᠪᠴᠠᠰᠤ ᠪᠠᠨ ᠰᠣᠯᠢᠭᠰᠠᠨ ᠤ᠋ ᠬᠡᠷᠡᠭ ᠦᠭᠡᠢ᠃ ᠪᠢᠳᠡᠨ ᠢ᠋ ᠳᠠᠭᠠᠭᠠᠳ ᠬᠤᠷᠳᠤᠨ ᠁ 
       — ᠥᠨᠥᠳᠥᠷ ᠮᠢᠨᠦ ᠵᠢᠵᠢᠭᠦᠷ᠃ 
       — ᠴᠢ ᠰᠠᠨᠠᠭ᠎ᠠ ᠠᠮᠤᠷ ᠪᠠᠢ᠂ ᠵᠢᠵᠢᠭᠦᠷ ᠢ᠋ ᠴᠢᠨᠢ ᠪᠢᠳᠡ ᠲᠣᠬᠢᠷᠠᠭᠤᠯᠬᠤ ᠶᠤᠮ ᠭᠡᠳ ᠬᠠᠭᠠᠰ ᠢᠳᠬᠠᠨ ᠬᠠᠭᠠᠰ ᠠᠯᠪᠠᠳᠠᠬᠤ ᠲᠠᠢ ᠬᠣᠶᠠᠷ ᠲᠠᠯ᠎ᠠ ᠠ᠋ᠴᠠ ᠨᠢ ᠬᠠᠪᠴᠢᠨ ᠳᠠᠭᠠᠭᠤᠯᠤᠭᠠᠳ ᠭᠠᠷᠤᠯ᠎ᠠ᠃  
       ᠲᠡᠳᠡ ᠡᠭᠦᠳᠡᠨ ᠪᠣᠱᠣᠭ᠎ᠠ ᠶ᠋ᠢ ᠳᠥᠩᠭᠡᠵᠦ ᠠᠯᠬᠤᠲᠠᠯ᠎ᠠ ᠳ᠋ᠢᠶᠠᠩᠬᠤᠸᠠ ᠶ᠋ᠢᠨ ᠬᠣᠩᠬᠣ ᠳᠠᠷᠴᠢᠭᠢᠨᠠᠨ ᠳᠤᠤᠭᠠᠷᠪᠠ᠃  ᠡᠦ ᠹᠧᠩ ᠮᠧᠢ ᠵᠣᠭᠬᠢᠨ ᠵᠣᠭᠰᠣᠲᠠᠯ᠎ᠠ᠂ ᠲᠦᠪᠰᠢᠨ ᠬᠠᠵᠠᠭᠤ ᠠ᠋ᠴᠠ ᠨᠢ᠄ 
       — ᠬᠠᠮᠢᠶᠠᠷᠬᠤ ᠬᠡᠷᠡᠭ ᠦᠭᠡᠢ᠂ ᠪᠢᠳᠡ ᠶᠠᠪᠤᠬᠤ ᠪᠠᠷ ᠢ᠋ᠶ᠋ᠠᠨ ᠶᠠᠪᠤᠶ᠎ᠠ ᠭᠡᠳ ᠡᠷᠭᠢᠵᠦ ᠴᠦ᠍ ᠬᠠᠷᠠᠭᠰᠠᠨ ᠦᠭᠡᠢ᠃  
       ᠰᠣᠨᠢᠷᠬᠠᠯᠲᠠᠢ ᠨᠢ ᠡᠮᠨᠡᠯᠭᠡ ᠶ᠋ᠢᠨ ᠬᠣᠷᠢᠶᠠᠨ ᠤ᠋ ᠠᠰᠠᠷ ᠤ᠋ᠨ ᠭᠤᠲᠤᠮ ᠳ᠋ᠤ᠌ ᠬᠡᠳᠦ ᠬᠡᠳᠦᠨ ᠦᠯᠦ ᠲᠠᠨᠢᠬᠤ ᠬᠥᠮᠦᠨ ᠲᠠᠮᠠᠬᠢ ᠲᠡᠳᠡᠨ ᠰᠤᠯᠠ ᠡᠷᠭᠢᠴᠡᠵᠦ ᠪᠠᠢᠬᠤ ᠬᠠᠷᠠᠭᠳᠠᠪᠠ᠃  
       ᠡᠳᠡᠭᠡᠷ ᠬᠥᠮᠦᠰ ᠢ᠋ ᠦᠵᠡᠭᠡᠳ ᠡᠦ ᠹᠧᠩ ᠮᠧᠢ ᠶ᠋ᠢᠨ ᠳᠣᠲᠣᠷ᠎ᠠ ᠨᠢᠭᠡ ᠯᠡ ᠡᠪ ᠦᠭᠡᠢ ᠪᠣᠯᠵᠠᠢ᠃ ᠴᠣᠬᠣᠮ ᠠᠶᠤᠵᠤ ᠪᠠᠢᠬᠤ ᠶᠤᠮ ᠤᠤ ᠰᠡᠵᠢᠭᠯᠡᠵᠦ ᠪᠠᠢᠬᠤ ᠶᠤᠮ ᠤᠤ? ᠥᠪᠡᠷ ᠢ᠋ᠶ᠋ᠡᠨ ᠴᠦ᠍ ᠰᠡᠷᠡᠵᠦ ᠮᠡᠳᠡᠬᠦ ᠦᠭᠡᠢ ᠪᠠᠢᠯ᠎ᠠ᠃ ᠤᠳᠠᠯ ᠦᠭᠡᠢ ᠡᠭᠦᠳᠡᠨ ᠡᠮᠦᠨ᠎ᠡ ᠵᠣᠭᠰᠣᠭ᠎ᠠ ᠪᠠᠭ᠎ᠠ ᠲᠡᠷᠭᠡᠨ ᠳ᠋ᠦ᠍ ᠰᠢᠷᠭᠤᠨ ᠣᠷᠣᠬᠤ ᠳ᠋ᠤ᠌ ᠳᠠᠬᠢᠭᠠᠳ ᠡᠨᠡ ᠡᠮᠨᠡᠯᠭᠡ ᠶ᠋ᠢᠨ ᠬᠣᠷᠢᠶᠠᠨ ᠳ᠋ᠠᠭᠠᠨ ᠬᠡᠵᠢᠶ᠎ᠡ ᠢᠷᠡᠳᠡᠭ ᠪᠣᠯ? ᠭᠡᠬᠦ ᠬᠠᠴᠢᠨ ᠪᠣᠳᠣᠯ ᠣᠷᠣᠵᠠᠢ᠃  
       ᠬᠥᠬᠡᠲᠤᠯᠢ ᠲᠡᠷᠭᠡᠨ ᠳᠦ ᠪᠡᠨ ᠣᠷᠣᠭᠠᠳ ᠮᠠᠰᠢᠨ ᠢ᠋ᠶ᠋ᠠᠨ ᠨᠣᠴᠣᠭᠠᠬᠤ ᠶ᠋ᠢᠨ ᠳᠠᠭᠠᠤ᠄ 
       — ᠬᠠᠮᠢᠭ᠎ᠠ ᠣᠴᠢᠬᠤ ᠪᠣᠢ?  ᠭᠡᠯ᠎ᠡ᠃  
       — 《ᠡᠯᠪᠡᠭ ᠵᠣᠯᠠᠲᠤ》 ᠬᠣᠭᠣᠯᠠᠨ ᠭᠡᠷ ᠲᠦ᠍ ᠭᠡᠵᠦ ᠲᠦᠪᠰᠢᠨ ᠭᠤᠸᠠᠢ ᠬᠠᠷᠢᠭᠤᠯᠪᠠ᠃ 
       ᠪᠠᠭ᠎ᠠ ᠲᠡᠷᠭᠡ ᠮᠤᠬᠤᠷ ᠬᠠᠷᠠᠩᠭᠤᠢ᠂ ᠮᠤᠷᠤᠢ ᠵᠥᠷᠢᠭᠦᠦ ᠵᠡᠭᠡᠯᠢ ᠭᠤᠳᠤᠮᠵᠢ ᠶ᠋ᠢ ᠳᠠᠮᠵᠢᠨ ᠠᠷᠪᠠᠭᠠᠳ ᠭᠠᠵᠠᠷ ᠳᠠᠪᠬᠢᠭᠠᠳ ᠬᠣᠲᠠ ᠶ᠋ᠢᠨ ᠡᠮᠦᠨᠡᠬᠢ 《ᠡᠯᠪᠡᠭ ᠵᠣᠯᠠᠲᠤ》ᠨᠡᠷᠡᠮᠵᠢᠲᠦ ᠬᠣᠭᠣᠯᠠᠨ ᠭᠡᠷ ᠲᠦ᠍ ᠬᠦᠷᠴᠦ ᠢᠷᠡᠵᠡᠢ᠃  
       ᠲᠦᠪᠰᠢᠨ ᠡᠦ ᠹᠧᠩ ᠮᠧᠢ ᠶ᠋ᠢ ᠳᠠᠭᠠᠭᠤᠯᠤᠨ ᠲᠡᠷᠭᠡᠨ ᠡᠴᠡ ᠪᠠᠭᠤᠭᠠᠳ᠄ 
       — ᠲᠡᠷᠭᠡ ᠪᠡᠨ ᠬᠠᠭᠤᠴᠢᠨ ᠭᠠᠵᠠᠷ ᠳᠠᠯᠳᠠᠯᠠᠵᠤ ᠲᠠᠯᠪᠢᠭᠠᠳ ᠢᠷ᠎ᠡ ᠭᠡᠵᠦ ᠠᠷᠠᠢ ᠯᠠ ᠰᠣᠨᠣᠰᠳᠠᠮ᠎ᠠ ᠳᠠᠭᠤ ᠪᠠᠷ ᠬᠥᠬᠡᠲᠤᠯᠢ ᠳ᠋ᠤ᠌ ᠲᠤᠰᠢᠶᠠᠭᠠᠳ ᠬᠣᠶᠠᠭᠤᠯᠠ ᠤᠷᠢᠳᠠᠪᠡᠷ ᠬᠣᠭᠣᠯᠠᠨ ᠭᠡᠷ ᠲᠦ᠍ ᠣᠷᠣᠯ᠎ᠠ᠃ 
       ᠲᠦᠪᠰᠢᠨ ᠬᠣᠶᠠᠳᠤᠭᠠᠷ ᠳᠠᠪᠬᠤᠷᠯᠢᠭ ᠲᠤ᠌ ᠨᠢᠭᠡ ᠵᠢᠵᠢᠭ ᠲᠤᠰᠠᠭᠠᠷ ᠮᠤᠬᠤᠯᠠᠭ ᠠᠪᠴᠤ ᠡᠦ ᠹᠧᠩ ᠮᠧᠢ ᠶ᠋ᠢ ᠰᠠᠭᠤᠯᠭᠠᠭᠠᠳ ᠥᠪᠡᠷ ᠢ᠋ᠶ᠋ᠡᠨ ᠨᠢᠭᠤᠷ ᠭᠠᠷ ᠢ᠋ᠶ᠋ᠠᠨ ᠤᠬᠢᠶᠠᠨ ᠴᠡᠪᠡᠷᠯᠡᠵᠦ ᠬᠤᠪᠴᠠᠰᠤ ᠬᠤᠨᠠᠷ ᠢ᠋ᠶ᠋ᠠᠨ ᠭᠦᠪᠢᠵᠦ ᠲᠡᠭᠰᠢᠯᠡᠭᠡᠳ ᠪᠠᠷᠠᠬᠤ ᠳ᠋ᠤ᠌ ᠬᠥᠬᠡᠲᠤᠯᠢ ᠣᠷᠣᠵᠤ ᠢᠷᠡᠪᠡ᠃  
       ᠭᠤᠷᠪᠠᠭᠤᠯᠠ ᠰᠠᠭᠤᠭᠠᠳ ᠬᠡᠳᠦᠨ ᠵᠦᠢᠯ ᠦ᠋ᠨ ᠨᠣᠭᠣᠭ᠎ᠠ ᠳᠠᠭᠤᠳᠠᠨ ᠠᠷᠢᠬᠢ ᠳᠠᠷᠠᠰᠤ ᠠᠪᠴᠤ ᠥᠷᠥᠪᠡ᠃  
       ᠲᠦᠪᠰᠢᠨ ᠭᠤᠷᠪᠠᠨ ᠬᠤᠨᠳᠠᠭᠠᠨ ᠳ᠋ᠤ᠌ ᠠᠷᠢᠬᠢ ᠳᠦᠭᠦᠷᠭᠡᠵᠦ ᠬᠥᠮᠦᠨ ᠪᠣᠯᠭᠠᠨ ᠤ᠋ ᠡᠮᠦᠨ᠎ᠡ ᠲᠠᠯᠪᠢᠭᠰᠠᠨ ᠢ᠋ᠶ᠋ᠠᠨ ᠥᠪᠡᠷ ᠦ᠋ᠨ ᠬᠤᠨᠳᠠᠭ᠎ᠠ ᠪᠠᠨ ᠡᠷᠭᠦᠵᠦ᠄ 
       — ᠥᠨᠥᠳᠥᠷ ᠡᠦ ᠹᠧᠩ ᠮᠧᠢ ᠠᠪᠠᠭᠠᠢ ᠪᠢᠳᠡᠨ ᠦ᠌ ᠪᠢᠳᠠᠭᠤ ᠤᠷᠢᠯᠭ᠎ᠠ ᠶ᠋ᠢ ᠬᠦᠯᠢᠶᠡᠨ ᠡᠨᠳᠡ ᠢᠷᠡᠭᠰᠡᠨ ᠳ᠋ᠦ᠍ ᠨᠢᠭᠡ ᠬᠤᠨᠳᠠᠭ᠎ᠠ ᠡᠷᠭᠦᠶ᠎ᠡ᠃ ᠵᠠ᠂ ᠤᠷᠢᠳ ᠢ᠋ᠶ᠋ᠠᠷ ᠨᠢᠭᠡ ᠬᠤᠨᠳᠠᠭ᠎ᠠ ᠲᠤᠯᠭᠠᠴᠢᠬᠠᠶ᠎ᠠ ᠭᠡᠳ ᠡᠦ ᠹᠧᠩ ᠮᠧᠢ ᠶ᠋ᠢ ᠰᠢᠷᠳᠡᠪᠡ᠃  
       ᠡᠮ ᠲᠣᠬᠢᠷᠠᠭᠤᠯᠬᠤ ᠭᠡᠷ ᠡᠴᠡ ᠭᠠᠷᠴᠤ ᠢᠷᠡᠭᠰᠡᠨ ᠡᠴᠡ ᠬᠣᠢᠰᠢ ᠡᠦ ᠹᠧᠩ ᠮᠧᠢ ᠶ᠋ᠢᠨ ᠳᠣᠲᠣᠷ᠎ᠠ ᠨᠢ ᠶᠠᠭᠠᠬᠢᠬᠤ ᠶ᠋ᠢᠨ ᠠᠷᠭ᠎ᠠ ᠦᠭᠡᠢ ᠰᠠᠮᠠᠭᠤᠷᠠᠵᠠᠢ᠃  ᠡᠨᠡ ᠬᠣᠶᠠᠷ ᠬᠠᠤᠯᠢ ᠶ᠋ᠢᠨ ᠠᠵᠢᠯᠲᠠᠨ ᠢ᠋ ᠳᠠᠭᠠᠵᠤ ᠲᠡᠷᠭᠡᠨ ᠳ᠋ᠦ᠍ ᠭᠠᠷᠤᠭᠰᠠᠨ ᠠ᠋ᠴᠠ ᠬᠣᠢᠰᠢ ᠬᠠᠮᠤᠭ ᠤ᠋ᠨ ᠮᠠᠭᠤ ᠲᠠᠯ᠎ᠠ ᠠ᠋ᠴᠠ ᠲᠠᠭᠠᠮᠠᠭᠯᠠᠵᠤ᠂ ᠣᠳᠣ ᠯᠠ ᠪᠣᠯᠤᠷᠴᠠᠭᠠᠨ ᠤ᠋ ᠬᠡᠷᠡᠭ ᠲᠦ᠍ ᠬᠣᠯᠪᠣᠭᠳᠠᠨ ᠪᠠᠷᠢᠪᠴᠢᠯᠠᠭᠳᠠᠭᠰᠠᠨ ᠨᠢ ᠡᠨᠡ ᠪᠠᠢᠬᠤ ᠭᠡᠵᠦ ᠪᠣᠳᠣᠵᠠᠢ᠃ ᠭᠡᠲᠡᠯ᠎ᠡ ᠪᠠᠭ᠎ᠠ ᠲᠡᠷᠭᠡ ᠬᠣᠷᠢᠭᠤᠯ ᠤ᠋ᠨ ᠭᠠᠵᠠᠷ ᠠ᠋ᠴᠠ ᠣᠨᠳᠣᠣ ᠵᠦᠭ ᠤᠷᠤᠭᠤ ᠳᠠᠪᠬᠢᠬᠤ ᠳ᠋ᠤ᠌ ᠲᠡᠷᠡ ᠭᠠᠢᠬᠠᠰᠢ ᠠᠯᠳᠠᠵᠠᠢ᠃ ᠶᠡᠷᠦ ᠨᠢ ᠥᠨᠥᠳᠥᠷ ᠦ᠋ᠨ ᠤᠴᠠᠷᠠᠭᠰᠠᠨ ᠬᠡᠷᠡᠭ ᠦ᠋ᠳ ᠬᠠᠴᠢᠨ ᠰᠣᠨᠢᠨ ᠰᠠᠨᠠᠭᠳᠠᠵᠤ᠂ ᠬᠠᠤᠯᠢ ᠶ᠋ᠢᠨ ᠠᠵᠢᠯᠲᠠᠳ ᠲᠤ᠌ ᠣᠨᠴᠠᠭᠠᠢ ᠬᠡᠷᠡᠭ ᠤᠴᠢᠷ ᠲᠤᠯᠭᠠᠷᠠᠭᠰᠠᠨ ᠪᠣᠯᠪᠠ ᠤᠤ ᠭᠡᠵᠦ ᠳᠣᠲᠣᠷ᠎ᠠ ᠪᠠᠨ ᠡᠯᠳᠡᠪ ᠢ᠋ᠶ᠋ᠡᠷ ᠪᠠᠷᠤᠭᠯᠠᠵᠤ ᠪᠠᠢᠯ᠎ᠠ᠃ ᠴᠠᠭ ᠭᠠᠷᠤᠢ ᠶ᠋ᠢᠨ ᠡᠮᠦᠨ᠎ᠡ ᠲᠡᠭᠦᠨ ᠢ᠋ ᠵᠢᠵᠢᠭᠦᠷ ᠦ᠋ᠨ ᠭᠡᠷ ᠲᠤ ᠪᠠᠨ ᠲᠠᠩᠭᠠᠢᠨ ᠬᠡᠪᠲᠡᠭᠡᠳ ᠨᠣᠮ ᠤᠩᠰᠢᠵᠤ ᠪᠠᠢᠲᠠᠯ᠎ᠠ ᠲᠦᠪᠰᠢᠨ ᠳ᠋ᠢᠶᠠᠩᠬᠤᠸᠠ ᠢᠷᠡᠭᠦᠯᠦᠭᠡᠳ᠂ ᠲᠡᠭᠦᠨ ᠢ᠋ ᠡᠮ ᠦ᠋ᠨ ᠭᠡᠷ ᠡᠴᠡ ᠪᠡᠨ ᠪᠤᠤ ᠭᠠᠷ᠂ ᠲᠠᠨᠢᠬᠤ ᠲᠠᠨᠢᠬᠤ ᠦᠭᠡᠢ ᠬᠥᠮᠦᠨ ᠢ᠋ ᠪᠢᠲᠡᠭᠡᠢ ᠤᠷᠤᠭᠤᠯ᠂ ᠪᠢ ᠤᠳᠠᠯ ᠦᠭᠡᠢ ᠣᠴᠢᠨ᠎ᠠ ᠭᠡᠰᠡᠨ ᠪᠠᠢᠵᠠᠢ᠃  ᠡᠳᠡ ᠶᠠᠭᠠᠬᠢᠭᠠᠳ ᠨᠠᠮ᠎ᠠ ᠶᠢ ᠬᠣᠷᠢᠭᠤᠯ ᠤ᠋ᠨ ᠭᠠᠵᠠᠷ ᠲᠤ᠌ ᠰᠢᠭᠤᠳ ᠬᠦᠷᠭᠡᠬᠦ ᠦᠭᠡᠢ᠂ ᠬᠠᠷᠢᠨ ᠬᠣᠭᠣᠯᠠᠨ ᠭᠡᠷ ᠲᠦ᠍ ᠳᠠᠭᠠᠭᠤᠯᠵᠤ ᠠᠪᠴᠢᠷᠠᠭᠠᠳ ᠪᠤᠳᠠᠭᠠᠯᠠᠵᠤ ᠪᠠᠢᠬᠤ ᠪᠣᠢ? ᠰᠣᠨᠣᠰᠬᠤ ᠳ᠋ᠤ᠌ ᠠᠯᠠᠭᠳᠠᠬᠤ ᠶᠠᠯᠠᠲᠠᠨ ᠳ᠋ᠤ᠌ ᠤᠷᠢᠳᠴᠢᠯᠠᠨ ᠰᠠᠢᠨ ᠢᠳᠡᠭᠦᠯᠵᠦ ᠤᠤᠭᠤᠯᠭᠠᠳᠠᠭ ᠭᠡᠨ᠎ᠡ ᠪᠢᠯᠡ᠃ ᠥᠨᠥᠳᠥᠷ ᠲᠤᠰᠬᠠᠢᠯᠠᠨ ᠪᠤᠳᠠᠭᠠᠯᠠᠵᠤ ᠪᠠᠢᠬᠤ ᠨᠢ ᠡᠢᠮᠦ ᠤᠴᠢᠷ ᠲᠠᠢ ᠴᠦ᠍ ᠪᠠᠢᠵᠤ ᠮᠡᠳᠡᠨ᠎ᠡ ᠭᠡᠵᠦ ᠪᠣᠳᠣᠭᠰᠠᠨ ᠪᠣᠯᠪᠠᠴᠤ ᠲᠦᠪᠰᠢᠨ ᠦ᠌ ᠡᠷᠭᠦᠭᠰᠡᠨ ᠬᠤᠨᠳᠠᠭ᠎ᠠ ᠶ᠋ᠢ ᠪᠠᠬᠠᠨ ᠰᠢᠷᠳᠡᠭᠡᠳ ᠳᠣᠲᠣᠷ᠎ᠠ ᠪᠠᠨ ᠵᠠ᠂ ᠶᠠᠭᠤ ᠪᠣᠯᠬᠤ ᠠ᠋ᠴᠠ ᠪᠠᠨ ᠠᠯᠳᠠᠷᠠᠭ! ᠨᠢᠭᠡᠨᠲᠡ ᠲᠤᠯᠭᠠᠵᠤ ᠪᠠᠢᠬᠤ ᠬᠤᠨᠳᠠᠭ᠎ᠠ ᠶᠤᠮ ᠴᠢᠨᠢ ᠬᠥᠨᠲᠡᠷᠴᠦ ᠤᠷᠭᠢᠶ᠎ᠠ ᠭᠡᠵᠦ ᠪᠣᠳᠣᠨ ᠮᠥᠷᠭᠥᠭᠦᠯᠦᠭᠰᠡᠨ ᠳ᠋ᠦ᠍ ᠭᠤᠷᠪᠠᠨ ᠬᠥᠮᠦᠨ ᠦ᠌ ᠠᠩᠬᠠᠨ ᠤ᠋ ᠬᠤᠨᠳᠠᠭ᠎ᠠ ᠬᠣᠭᠣᠰᠣᠷᠠᠪᠠ᠃ ᠡᠦ ᠹᠧᠩ ᠮᠧᠢ ᠪᠣᠢ ᠪᠦᠬᠦᠢ ᠠᠩᠬᠠᠷᠤᠯ ᠢ᠋ᠶ᠋ᠠᠨ ᠲᠥᠪᠯᠡᠷᠡᠭᠦᠯᠦᠨ ᠡᠳᠡᠨ ᠦ᠌ ᠶᠠᠭᠤ ᠠᠰᠠᠭᠤᠵᠤ ᠶᠠᠭᠠᠬᠢᠬᠤ ᠭᠡᠵᠦ ᠪᠠᠢᠬᠤ ᠶ᠋ᠢ ᠬᠦᠯᠢᠶᠡᠭᠰᠡᠭᠡᠷ ᠪᠠᠢᠭᠠᠳ ᠭᠤᠷᠪᠠᠨ ᠬᠤᠨᠳᠠᠭ᠎ᠠ ᠤᠤᠭᠤᠲᠠᠯ᠎ᠠ ᠶᠡᠷᠦ ᠡᠢᠮᠦ ᠲᠡᠢᠮᠦ ᠶᠠᠭᠤᠮ᠎ᠠ ᠠᠰᠠᠭᠤᠵᠤ ᠪᠠᠢᠴᠠᠭᠠᠭᠰᠠᠨ ᠦᠭᠡᠢ᠃  ᠬᠠᠷᠢᠨ ᠶᠠᠭ ᠯᠠ ᠨᠠᠢᠵᠠ ᠨᠥᠬᠥᠳ ᠠᠭᠤᠯᠵᠠᠨ ᠨᠠᠷᠭᠢᠵᠤ ᠬᠥᠭᠡᠷᠦᠯᠳᠦᠵᠦ ᠪᠠᠢᠬᠤ ᠰᠢᠭ᠋ ᠬᠡᠯᠡᠯᠴᠡᠵᠦ ᠪᠠᠢᠯ᠎ᠠ᠃ 
       — ᠲᠠ ᠠᠩᠬᠠᠨ ᠳᠤ ᠪᠠᠨ ᠡᠨᠡ ᠬᠣᠭᠣᠯᠠᠨ ᠭᠡᠷ ᠲᠦ᠍ ᠢᠷᠡᠵᠦ ᠪᠠᠢᠭᠰᠠᠨ ᠤᠤ? 
       — ᠦᠭᠡᠢ᠃ 
       — ᠪᠣᠯᠤᠮᠠᠷ ᠬᠣᠭᠣᠯᠠᠨ ᠭᠡᠷ ᠶᠦᠮ ᠰᠢᠦ᠃ 
       — ᠶᠡᠬᠡ ᠵᠦᠭᠡᠷ ᠰᠠᠨᠠᠭᠳᠠᠵᠤ ᠪᠠᠢᠨ᠎ᠠ᠃ 
       — ᠲᠠᠨ ᠤ᠋ ᠵᠢᠵᠢᠭᠦᠷ ᠥᠨᠥ ᠣᠷᠣᠢ ᠬᠡᠳᠦᠨ ᠴᠠᠭ ᠲᠤ᠌ ᠪᠠᠭᠤᠬᠤ ᠪᠠᠢᠭᠰᠠᠨ ᠪᠣᠢ? 
       — ᠰᠥᠨᠢ ᠶ᠋ᠢᠨ ᠠᠷᠪᠠᠨ ᠴᠠᠭ ᠲᠤ᠌᠃ 
       — ᠲᠡᠢᠮᠦ ᠣᠷᠣᠢ ᠠᠵᠢᠯ ᠪᠠᠭᠤᠪᠠᠯ ᠭᠡᠷ ᠲᠤ ᠪᠠᠨ ᠬᠠᠷᠢᠬᠤ ᠵᠠᠮ ᠳᠤ ᠪᠠᠨ ᠠᠶᠤᠬᠤ ᠦᠭᠡᠢ ᠤᠤ? 
       — ᠵᠠᠷᠢᠮ ᠳᠤ ᠪᠠᠨ ᠡᠮᠨᠡᠯᠭᠡ ᠶ᠋ᠢᠨ ᠬᠣᠷᠢᠶᠠᠨ ᠤ᠋ ᠲᠤᠰᠬᠠᠢ ᠵᠢᠵᠢᠭᠦᠷ ᠲᠡᠷᠭᠡ ᠬᠦᠷᠭᠡᠳᠡᠭ᠃ ᠵᠠᠷᠢᠮ ᠳᠤ ᠪᠠᠨ ᠬᠣᠷᠢᠶᠠᠨ ᠠ᠋ᠴᠠ ᠲᠣᠬᠢᠷᠠᠭᠤᠯᠤᠭᠰᠠᠨ ᠭᠡᠷ ᠲᠦ᠍ ᠬᠣᠨᠣᠳᠠᠭ᠃ 
       — ᠨᠢᠭᠡ ᠭᠠᠷᠠᠭ ᠲᠤ᠌ ᠬᠡᠳᠦ ᠤᠳᠠᠭ᠎ᠠ ᠰᠥᠨᠢ ᠶ᠋ᠢᠨ ᠵᠢᠵᠢᠭᠦᠷ ᠳᠠᠭᠠᠷᠠᠳᠠᠭ ᠪᠣᠢ?  
       — ᠨᠢᠭᠡ ᠯᠡ ᠤᠳᠠᠭ᠎ᠠ ᠳᠠᠭᠠᠷᠠᠳᠠᠭ᠃ ᠥᠨᠥᠳᠥᠷ ᠪᠢ ᠬᠥᠮᠦᠨ ᠦ᠌ ᠣᠷᠣᠨ ᠳ᠋ᠤ᠌ ᠵᠢᠵᠢᠭᠦᠷᠯᠡᠭᠰᠡᠨ ᠶᠦᠮ᠃ 
       — ᠬᠡᠨ ᠦ᠌ ᠵᠢᠵᠢᠭᠦᠷ ᠢ᠋ ᠣᠷᠣᠯᠠᠭᠰᠠᠨ ᠪᠣᠢ? 
       — ᠰᠢᠶᠣᠤ ᠸᠠᠩ ᠤ᠋ᠨ᠃ 
       —  ᠲᠡᠷᠡ ᠶᠠᠭᠠᠬᠢᠭᠠᠳ ᠵᠢᠵᠢᠭᠦᠷ ᠢ᠋ᠶ᠋ᠡᠨ ᠴᠢᠮ᠎ᠠ ᠪᠠᠷ ᠣᠷᠣᠯᠠᠭᠤᠯᠤᠭᠰᠠᠨ ᠪᠣᠢ? 
       — ᠡᠪᠡᠳᠴᠢᠯᠡᠭᠰᠡᠨ᠃ ᠲᠡᠭᠡᠭᠡᠳ ᠭᠤᠷᠪᠠᠨ ᠡᠳᠦᠷ ᠦ᠋ᠨ ᠴᠢᠯᠥᠭᠡ ᠠᠪᠤᠭᠰᠠᠨ ᠭᠡᠨ᠎ᠡ᠃  
       — ᠲᠡᠷᠡ ᠥᠪᠡᠷ ᠢ᠋ᠶ᠋ᠡᠨ ᠢᠷᠡᠵᠦ ᠲᠠᠨ ᠢ᠋ ᠭᠤᠶᠤᠭᠰᠠᠨ ᠤᠤ? ᠡᠷᠬᠢᠯᠡᠭᠴᠢ ᠴᠢᠨᠢ ᠲᠣᠬᠢᠷᠠᠭᠤᠯᠤᠭᠰᠠᠨ ᠶᠤᠮ ᠤᠤ? 
       — ᠦᠳᠡ ᠳ᠋ᠦ᠍ ᠰᠢᠶᠣᠤ ᠸᠠᠩ ᠮᠠᠨ ᠤ᠋ ᠳ᠋ᠤ᠌ ᠲᠤᠰᠬᠠᠢ ᠣᠴᠢᠵᠤ ᠭᠤᠶᠤᠭᠰᠠᠨ ᠶᠤᠮ᠃ 
       — ᠲᠠᠨ ᠤ᠋ ᠡᠮᠨᠡᠯᠭᠡ ᠶ᠋ᠢᠨ ᠬᠣᠷᠢᠶᠠᠨ ᠳ᠋ᠤ᠌ CC66 ᠳ᠋ᠤᠭᠠᠷ ᠡᠮ ᠢ᠋ ᠵᠠᠷᠤᠳᠠᠭ ᠤᠤ? 
       — ᠦᠭᠡᠢ᠂ ᠲᠡᠷᠡ ᠡᠮ ᠪᠣᠯ ᠣᠷᠴᠢᠮ ᠤ᠋ᠨ ᠬᠣᠶᠠᠷ ᠵᠢᠯ ᠳ᠋ᠦ᠍ ᠤᠯᠤᠰ ᠠ᠋ᠴᠠ ᠰᠤᠳᠤᠯᠤᠨ ᠭᠠᠷᠭᠠᠨᠰᠠᠨ ᠣᠨᠴᠠᠭᠠᠢ ᠴᠢᠨᠠᠷ ᠤ᠋ᠨ ᠬᠣᠣᠷᠲᠤ ᠡᠮ᠃ ᠲᠦᠮᠡᠨᠨᠠᠰᠤᠲᠤ ᠬᠣᠲᠠ ᠳ᠋ᠤ᠌ ᠵᠥᠪᠬᠡᠨ ᠨᠢᠭᠡᠳᠦᠭᠡᠷ ᠡᠮᠨᠡᠯᠭᠡ ᠶ᠋ᠢᠨ ᠬᠣᠷᠢᠶ᠎ᠠ ᠯᠠ ᠵᠠᠷᠤᠬᠤ ᠡᠷᠬᠡ ᠲᠡᠢ᠃ ᠮᠠᠨ ᠤ᠋ ᠡᠮᠨᠡᠯᠭᠡ ᠶ᠋ᠢᠨ ᠬᠣᠷᠢᠶ᠎ᠠ ᠨᠠᠭᠠᠳᠤ ᠵᠠᠬ᠎ᠠ ᠳᠤ ᠪᠠᠨ ᠣᠷᠣᠭᠤᠯᠬᠤ ᠡᠷᠬᠡ ᠪᠠᠰᠠ ᠦᠭᠡᠢ᠃ ᠪᠢᠳᠡ ᠵᠥᠪᠬᠡᠨ ᠡᠮᠨᠡᠯᠭᠡ ᠶ᠋ᠢᠨ ᠳᠣᠲᠣᠭᠠᠳᠤ ᠰᠡᠳᠬᠦᠯ ᠳᠡᠭᠡᠷ᠎ᠡ ᠡᠴᠡ ᠡᠨᠡ ᠬᠦ᠌ ᠡᠮ ᠦ᠋ᠨ ᠦᠢᠯᠡᠳᠦᠯ ᠬᠡᠷᠡᠭᠴᠡᠭᠡ ᠶ᠋ᠢ ᠨᠢ ᠣᠯᠵᠤ ᠮᠡᠳᠡᠭᠰᠡᠨ ᠶᠦᠮ᠃ 
       — ᠁  
       ᠲᠡᠳᠡ ᠢᠩᠭᠢᠭᠡᠳ ᠬᠦᠦᠷᠨᠢᠨ ᠶᠠᠷᠢᠯᠴᠠᠬᠤ ᠶ᠋ᠢᠨ ᠳᠠᠭᠠᠤ ᠬᠡᠳᠦ ᠬᠡᠳᠦᠨ ᠬᠤᠨᠳᠠᠭ᠎ᠠ ᠤᠤᠭᠤᠵᠠᠢ᠃ ᠨᠢᠭᠡ ᠮᠡᠳᠡᠬᠦ ᠳ᠋ᠦ᠍ ᠡᠦ ᠹᠧᠩ ᠮᠧᠢ ᠶ᠋ᠢᠨ ᠲᠣᠯᠣᠭᠠᠢ ᠨᠢ ᠡᠷᠭᠢᠬᠦ ᠰᠢᠭ ᠪᠣᠯᠪᠠ᠃  
       ᠰᠥᠨᠢ ᠶ᠋ᠢᠨ ᠠᠷᠪᠠᠨ ᠨᠢᠭᠡᠨ ᠴᠠᠭ ᠪᠣᠯᠬᠤ ᠶ᠋ᠢᠨ ᠦᠶ᠎ᠡ ᠳ᠋ᠦ᠍ ᠲᠦᠪᠰᠢᠨ ᠰᠠᠶᠢ ᠵᠢᠩᠬᠢᠨᠢ ᠰᠡᠳᠦᠪ ᠲᠤ ᠪᠠᠨ ᠣᠷᠣᠭᠰᠠᠨ ᠮᠠᠶᠢᠭ ᠲᠠᠢ ᠠᠮᠠ ᠨᠡᠭᠡᠭᠡᠨ᠄ 
       — ᠡᠦ ᠹᠧᠩ ᠮᠧᠢ ᠨᠥᠬᠥᠷ ᠠ᠋᠂ ᠥᠨᠥᠳᠥᠷ ᠪᠢᠳᠡ ᠨᠢᠭᠡ ᠣᠨᠴᠠᠭᠠᠢ ᠤᠴᠢᠷ ᠲᠤ᠌ ᠲᠣᠬᠢᠶᠠᠯᠳᠤᠭᠰᠠᠨ ᠠ᠋ᠴᠠ ᠲᠠᠨ ᠢ᠋ ᠳᠠᠭᠤᠳᠠᠨ ᠠᠪᠴᠢᠷᠠᠵᠤ ᠶᠠᠷᠢᠯᠴᠠᠬᠤ ᠴᠢᠬᠤᠯᠠ ᠲᠠᠢ ᠪᠣᠯᠪᠠ᠃ ᠠᠭᠤᠴᠢᠯᠠᠭᠠᠷᠠᠢ᠃ ᠲᠡᠷᠡᠴᠢᠯᠡᠨ ᠰᠥᠨᠢ ᠬᠠᠭᠠᠰ ᠥᠩᠭᠡᠷᠡᠭᠰᠡᠨ ᠦ᠌ ᠳᠠᠷᠠᠭ᠎ᠠ ᠲᠠᠨ ᠢ᠋ ᠳᠠᠭᠠᠭᠤᠯᠤᠨ ᠭᠡᠷ ᠲᠦ᠍ ᠴᠢᠨᠢ ᠣᠴᠢᠶ᠎ᠠ᠂ ᠪᠣᠯᠤᠨ᠎ᠠ ᠪᠢᠵᠡ? 
       ᠡᠦ ᠹᠧᠩ ᠮᠧᠢ ᠪᠠᠬᠠᠨ ᠳᠣᠷᠣᠭᠰᠢ ᠬᠠᠷᠠᠭᠠᠳ᠄  
       — ᠲᠡᠷᠡ ᠴᠦ᠍ ᠪᠣᠯᠤᠨ᠎ᠠ ᠭᠡᠪᠡ᠃ 
       — ᠭᠡᠲᠡᠯ᠎ᠡ ᠨᠢᠭᠡ ᠱᠠᠭᠠᠷᠳᠠᠯᠭ᠎ᠠ ᠪᠣᠢ᠃ ᠲᠠ ᠭᠡᠷ ᠲᠤ ᠪᠠᠨ ᠣᠷᠣᠭᠰᠠᠨ ᠤ᠋ ᠳᠠᠷᠠᠭ᠎ᠠ ᠪᠢᠳᠡᠨ ᠦ᠌ ᠵᠥᠪᠰᠢᠶᠡᠷᠡᠯ ᠦᠭᠡᠢ ᠪᠡᠷ ᠠᠮᠠ ᠨᠡᠭᠡᠭᠡᠵᠦ ᠪᠣᠯᠬᠤ ᠦᠭᠡᠢ᠃ ᠪᠣᠯᠤᠨ᠎ᠠ ᠤᠤ? 
       — ᠪᠣᠯᠤᠨ᠎ᠠ᠃ 
       ᠰᠥᠨᠢ ᠬᠠᠭᠠᠰ ᠥᠩᠭᠡᠷᠡᠪᠡ᠃  ᠣᠳᠣᠨ ᠮᠡᠴᠢᠳ ᠣᠭᠲᠠᠷᠭᠤᠢ ᠳᠦᠭᠦᠷᠡᠩ ᠭᠢᠯᠠᠯᠵᠠᠭᠠᠳ᠂ ᠰᠥᠨᠢ ᠶᠡᠬᠡ ᠰᠠᠷᠠᠭᠤᠯ ᠲᠤᠩᠭᠠᠯᠠᠭ ᠪᠠᠢᠯ᠎ᠠ᠃  
       ᠲᠡᠳᠡᠨ ᠢ᠋ ᠬᠣᠭᠣᠯᠠᠨ ᠭᠡᠷ ᠡᠴᠡ ᠭᠠᠷᠬᠤ ᠳ᠋ᠤ᠌ ᠰᠥᠨᠢ ᠶ᠋ᠢᠨ ᠭᠦᠨ ᠦ᠌ ᠰᠡᠷᠢᠭᠦᠨ ᠵᠢᠪᠠᠷ ᠡᠮᠦᠨ᠎ᠡ ᠡᠴᠡ ᠨᠢ ᠰᠡᠩᠭᠢᠨᠡᠨ ᠦᠯᠢᠶᠡᠵᠦ᠂ ᠲᠠᠷᠢᠬᠢ ᠰᠡᠷᠭᠦᠭᠡᠨ ᠴᠡᠭᠡᠵᠢ ᠠᠭᠤᠵᠢᠷᠠᠭᠤᠯᠤᠨ᠎ᠠ᠃  
       ᠭᠤᠷᠪᠠᠭᠤᠯᠠ ᠲᠡᠷᠭᠡᠨ ᠳ᠋ᠦ᠍ ᠣᠷᠣᠮᠠᠭᠴᠠ ᠲᠦᠪᠰᠢᠨ ᠲᠡᠷᠭᠡ ᠵᠢᠯᠣᠭᠣᠳᠤᠨ ᠬᠣᠲᠠ ᠶ᠋ᠢᠨ ᠭᠠᠳᠠᠨᠠᠬᠢ ᠰᠠᠭᠤᠭᠠᠯᠢ ᠠᠷᠠᠳ ᠤ᠋ᠨ ᠠᠰᠠᠷ ᠤᠷᠤᠭᠤ ᠨᠢᠰᠬᠡᠨ ᠳᠣᠪᠲᠣᠯᠭᠠᠯ᠎ᠠ᠃  
       ᠲᠡᠷᠭᠡᠨ ᠳ᠋ᠦ᠍ ᠭᠠᠷᠤᠭᠰᠠᠨ ᠠ᠋ᠴᠠ ᠬᠣᠢᠰᠢ ᠡᠦ ᠹᠧᠩ ᠮᠧᠢ ᠶ᠋ᠢᠨ ᠵᠢᠰᠦᠷᠬᠡᠭ ᠭᠣᠶᠣ ᠴᠢᠷᠠᠢ ᠨᠢ ᠬᠤᠵᠢᠢᠨ ᠴᠠᠢᠵᠤ ᠪᠡᠶ᠎ᠡ ᠨᠢ ᠴᠡᠴᠡᠷᠬᠢᠯᠡᠨ ᠬᠥᠳᠡᠯᠦᠨ᠎ᠡ᠃ ᠡᠨᠡ ᠨᠢ ᠪᠠᠷᠤᠭ ᠯᠠ ᠥᠨᠥ ᠦᠳᠡᠰᠢ ᠴᠣᠬᠣᠮ ᠶᠠᠭᠤ ᠪᠣᠯᠳᠠᠭ ᠪᠣᠯ? ᠭᠡᠵᠦ ᠡᠯᠳᠡᠪ ᠢ᠋ ᠪᠣᠳᠣᠨ ᠠᠶᠤᠵᠤ ᠰᠣᠴᠢᠭᠰᠠᠨ ᠠ᠋ᠴᠠ ᠪᠣᠯᠤᠭᠰᠠᠨ ᠪᠠᠢᠬ᠎ᠠ᠃   
       ᠪᠠᠭ᠎ᠠ ᠲᠡᠷᠭᠡ ᠢᠯᠦᠮ ᠵᠢᠯᠦᠮᠭᠡᠨ ᠰᠥᠨᠢ ᠶ᠋ᠢᠨ ᠵᠡᠭᠡᠯᠢ ᠪᠡᠷ ᠠᠷᠪᠠᠭᠠᠳ ᠮᠢᠨᠦ᠋ᠲ ᠳᠠᠪᠬᠢᠭᠠᠳ᠂ ᠡᠦ ᠹᠧᠩ ᠮᠧᠢ ᠶ᠋ᠢᠨ ᠰᠠᠭᠤᠭ᠎ᠠ ᠠᠰᠠᠷ ᠤ᠋ᠨ ᠳᠡᠷᠭᠡᠳᠡ ᠬᠦᠷᠴᠦ ᠢᠷᠡᠪᠡ᠃  
       ᠡᠦ ᠹᠧᠩ ᠮᠧᠢ ᠭᠡᠷ ᠦ᠋ᠨ ᠢ᠋ᠶ᠋ᠡᠨ ᠡᠭᠦᠳᠡ ᠶ᠋ᠢ ᠨᠡᠭᠡᠭᠡᠵᠦ ᠲᠡᠷᠡ ᠬᠣᠶᠠᠭᠤᠯᠠ ᠶ᠋ᠢ ᠳᠣᠲᠣᠭᠰᠢ ᠵᠠᠯᠠᠪᠠ᠃  
       ᠲᠦᠪᠰᠢᠨ ᠡᠦ ᠹᠧᠩ ᠮᠧᠢ ᠳ᠋ᠦ᠍ ᠨᠢᠳᠦᠨ ᠳᠣᠬᠢᠶ᠎ᠠ ᠥᠭᠴᠦ ᠰᠡᠮᠡᠬᠡᠷ ᠳᠣᠲᠣᠭᠰᠢ ᠣᠷᠣᠭᠤᠯᠤᠨ ᠡᠭᠦᠳᠡᠨ ᠦ᠌ ᠳᠣᠲᠣᠷ᠎ᠠ ᠲᠠᠯ᠎ᠠ ᠳ᠋ᠤ᠌ ᠵᠣᠭᠰᠣᠭᠠᠭᠠᠳ᠂ ᠳᠡᠭᠡᠳᠦ ᠬᠠᠷᠮᠠᠨ ᠠ᠋ᠴᠠ ᠪᠠᠨ ᠨᠢᠭᠡ ᠬᠤᠪᠢ ᠨᠡᠩᠵᠢᠬᠦ ᠲᠡᠮᠳᠡᠭ ᠭᠠᠷᠭᠠᠨ ᠡᠦ ᠹᠧᠩ ᠮᠧᠢ ᠳ᠋ᠦ᠍ ᠶᠣᠰᠣᠨ ᠲᠡᠳᠦᠢ ᠦᠵᠡᠭᠦᠯᠪᠡ᠃  
       ᠲᠡᠭᠡᠭᠡᠳ ᠲᠡᠳᠡ ᠬᠣᠶᠠᠭᠤᠯᠠ ᠭᠡᠷ ᠢ᠋ ᠨᠢ ᠨᠡᠩᠵᠢᠵᠦ ᠡᠬᠢᠯᠡᠯ᠎ᠡ᠃  
       ᠳᠡᠮᠡᠢ ᠤᠳᠠᠭᠰᠠᠨ ᠦᠭᠡᠢ ᠪᠡᠷ ᠤᠨᠲᠠᠬᠤ ᠣᠷᠣ ᠠ᠋ᠴᠠ ᠬᠣᠯᠠ ᠦᠭᠡᠢ ᠪᠠᠢᠭ᠎ᠠ ᠱᠠᠹᠠ ᠳᠣᠣᠷ᠎ᠠ ᠠ᠋ᠴᠠ ᠮᠠᠰᠢ ᠨᠢᠭᠤᠴᠠ ᠪᠠᠷ ᠲᠣᠬᠢᠷᠠᠭᠤᠯᠤᠨ ᠲᠠᠯᠪᠢᠭᠰᠠᠨ ᠬᠤᠯᠠᠭᠠᠢᠯᠠᠨ ᠰᠣᠨᠣᠰᠬᠤ ᠮᠠᠰᠢᠨ ᠡᠷᠢᠵᠦ ᠭᠠᠷᠭᠠᠪᠠ᠃ ᠲᠦᠪᠰᠢᠨ ᠪᠠᠭᠤᠯᠭᠠᠨ ᠠᠪᠤᠭᠠᠳ ᠨᠡᠭᠡᠭᠡᠯᠲᠡ ᠶ᠋ᠢ ᠨᠢ ᠬᠠᠭᠠᠬᠤ ᠶ᠋ᠢᠨ ᠳᠠᠭᠠᠤ᠄ 
       — ᠡᠦ ᠹᠧᠩ ᠮᠧᠢ ᠨᠥᠬᠥᠷ ᠠ᠋᠂ ᠣᠳᠣ ᠪᠢᠳᠡᠨ ᠦ᠌ ᠶᠠᠷᠢᠯᠴᠠᠬᠤ ᠶ᠋ᠢ ᠬᠥᠮᠦᠨ ᠬᠤᠯᠠᠭᠠᠢᠯᠠᠨ ᠰᠣᠨᠣᠰᠴᠤ ᠴᠢᠳᠠᠬᠤ ᠦᠭᠡᠢ ᠪᠣᠯᠤᠭᠰᠠᠨ᠃ ᠣᠳᠣ ᠦᠭᠡ ᠳᠤᠤᠭᠠᠷᠴᠤ ᠪᠣᠯᠬᠤ ᠦᠭᠡᠢ ᠭᠡᠰᠡᠨ ᠲᠣᠭᠲᠠᠭᠠᠯ ᠢ᠋ ᠬᠦᠴᠦᠨ ᠦᠭᠡᠢ ᠪᠣᠯᠭᠠᠶ᠎ᠠ ᠭᠡᠳ ᠱᠣᠭᠲᠠᠢᠬᠠᠨ ᠢᠨᠢᠶᠡᠮᠰᠦᠭᠯᠡᠪᠡ᠃ 
       ᠡᠦ ᠹᠧᠩ ᠮᠧᠢ ᠡᠳᠡᠭᠡᠷ ᠢ᠋ ᠦᠵᠡᠭᠡᠳ ᠪᠠᠯᠠᠭ ᠠᠯᠲᠠᠨ ᠴᠡᠴᠡᠷᠡᠵᠦ ᠵᠣᠭᠰᠣᠵᠤ ᠴᠢᠳᠠᠬᠤ ᠪᠠᠨ ᠪᠣᠯᠢᠭᠠᠳ ᠣᠷᠣ ᠳᠡᠭᠡᠷ᠎ᠡ ᠪᠡᠨ ᠯᠠᠭᠬᠢᠲᠠᠯ᠎ᠠ ᠰᠠᠭᠤᠯ᠎ᠠ᠃ ᠲᠡᠭᠡᠭᠡᠳ ᠲᠡᠷᠡ ᠮᠠᠩᠨᠠᠢ ᠪᠠᠨ ᠬᠥᠩᠭᠡᠨ ᠠᠳᠬᠤᠭᠠᠳ᠄ 
       — ᠡᠨᠡ᠂ ᠡᠨᠡ ᠴᠣᠬᠣᠮ ᠶᠠᠮᠠᠷ ᠤᠴᠢᠷ ᠪᠣᠯᠴᠢᠬᠠᠪᠠ? ᠭᠡᠵᠦ ᠥᠪᠡᠷ ᠦ᠋ᠨ ᠡᠷᠬᠡ ᠦᠭᠡᠢ ᠠᠰᠠᠭᠤᠵᠠᠢ᠃ 
       — ᠡᠨᠡ ᠪᠣᠯ ᠳᠠᠷᠤᠢ ᠠᠷᠪᠠᠨ ᠨᠢᠭᠡᠨ ᠰᠠᠷ᠎ᠠ ᠶ᠋ᠢᠨ ᠠᠷᠪᠠ ᠶᠢᠰᠦᠨ ᠦ᠌ ᠦᠦᠷ ᠢ᠋ᠶ᠋ᠡᠷ ᠴᠢᠮ᠎ᠠ ᠲᠠᠢ ᠳ᠋ᠢᠶᠠᠩᠬᠤᠸᠠ ᠨᠡᠪᠲᠡᠷᠡᠭᠰᠡᠨ ᠲᠡᠷᠡ ᠬᠥᠮᠦᠨ ᠦ᠌ ᠬᠢᠭᠰᠡᠨ ᠠᠵᠢᠯᠯᠠᠭ᠎ᠠ ᠰᠢᠦ᠃ ᠲᠡᠷᠡ ᠬᠥᠮᠦᠨ ᠬᠡᠨ ᠪᠣᠯᠬᠤ ᠶ᠋ᠢ ᠴᠢ ᠲᠠᠨᠢᠬᠤ ᠦᠭᠡᠢ ᠪᠠᠢᠬ᠎ᠠ ᠭᠡᠵᠦ ᠲᠦᠪᠰᠢᠨ ᠭᠤᠸᠠᠢ ᠡᠦ ᠹᠧᠩ ᠮᠧᠢ ᠶ᠋ᠢ ᠠᠵᠢᠭᠯᠠᠰᠬᠢᠵᠤ ᠠᠪᠤᠭᠠᠳ ᠡᠷᠡᠰ ᠲᠤᠯᠭᠠᠨ ᠬᠡᠯᠡᠪᠡ᠃ 
       ᠡᠦ ᠹᠧᠩ ᠮᠧᠢ ᠶᠢᠨ ᠴᠢᠷᠠᠢ ᠳᠣᠣᠷ᠎ᠠ ᠨᠢ ᠬᠤᠪᠢᠷᠠᠵᠤ ᠦᠭᠡ ᠪᠡᠨ ᠮᠠᠯᠵᠢᠨ᠄ 
       — ᠦᠭᠡᠢ᠂ ᠦᠭᠡᠢ᠂ ᠨᠠᠳᠠ ᠦᠦᠷ ᠢ᠋ᠶ᠋ᠡᠷ ᠳ᠋ᠢᠶᠠᠩᠬᠤᠸᠠ ᠲᠣᠰᠴᠤ ᠶᠠᠷᠢᠯᠴᠠᠨᠰᠠᠨ ᠤᠴᠢᠷ ᠦᠭᠡᠢ ᠭᠡᠵᠦ ᠰᠠᠨᠳᠤᠷᠤᠨ ᠬᠡᠯᠡᠵᠡᠢ᠃ 
       ᠲᠦᠪᠰᠢᠨ ᠭᠤᠸᠠᠢ ᠡᠨᠡ ᠬᠡᠷᠡᠭ ᠢ᠋ ᠨᠡᠭᠡᠷᠡᠨ ᠴᠠᠢᠷᠠᠲᠠᠯ᠎ᠠ ᠪᠠᠢᠴᠠᠭᠠᠨ ᠲᠣᠳᠣᠯᠠᠵᠠᠢ᠃  
       ᠲᠡᠷᠡ ᠡᠦ ᠹᠧᠩ ᠮᠧᠢ ᠶ᠋ᠢᠨ ᠢᠩᠭᠢᠵᠦ ᠦᠬᠦᠨ ᠨᠢᠭᠤᠬᠤ ᠶ᠋ᠢ ᠠᠯᠢ ᠡᠷᠲᠡ ᠪᠠᠷᠤᠭᠯᠠᠭᠰᠠᠨ ᠪᠠᠢᠨ᠎ᠠ᠃  
       ᠲᠡᠭᠡᠭᠡᠳ ᠲᠡᠷᠡ᠄ 
       — ᠡᠦ ᠹᠧᠩ ᠮᠧᠢ ᠨᠥᠬᠥᠷ ᠠ᠋᠂ ᠦᠵᠡᠰᠬᠦᠯᠡᠩ ᠦ᠋ᠨ ᠬᠣᠣᠷᠯᠠᠭᠳᠠᠭᠰᠠᠨ ᠨᠢ ᠬᠠᠷ᠎ᠠ ᠴᠠᠭᠠᠨ ᠤ᠋ ᠢᠯᠭᠠᠭ᠎ᠠ ᠦᠭᠡᠢ ᠲᠤᠢᠯ ᠤ᠋ᠨ ᠬᠠᠷᠠᠮᠰᠠᠯᠲᠠᠢ ᠬᠡᠷᠡᠭ ᠪᠣᠯᠤᠭᠰᠠᠨ ᠪᠠᠢᠲᠠᠯ᠎ᠠ ᠲᠠ ᠴᠢᠬᠢ ᠪᠡᠷ ᠢ᠋ᠶ᠋ᠡᠨ ᠰᠣᠨᠣᠰᠴᠤ ᠨᠢᠳᠦ ᠪᠡᠷ ᠢ᠋ᠶ᠋ᠡᠨ ᠦᠵᠡᠭᠰᠡᠨ ᠪᠣᠳᠠᠲᠤ ᠬᠡᠷᠡᠭ ᠢ᠋ ᠢᠩᠭᠢᠵᠦ ᠨᠢᠭᠤᠨ ᠳᠠᠷᠤᠬᠤ ᠨᠢ ᠳᠠᠩᠴᠤ ᠣᠢᠯᠠᠭᠠᠭᠳᠠᠬᠤ ᠦᠭᠡᠢ ᠪᠠᠢᠨ᠎ᠠ᠃ ᠥᠴᠥᠭᠡᠳᠦᠷ ᠰᠥᠨᠢ ᠸᠠᠩ ᠯᠠᠨ ᠬᠤᠸᠠ ᠨᠥᠬᠥᠷ ᠦ᠋ᠨ ᠭᠡᠷ ᠲᠦ᠍ ᠬᠥᠮᠦᠨ ᠳᠠᠭᠤ ᠰᠢᠩᠭᠡᠭᠡᠬᠦ ᠮᠠᠰᠢᠨ ᠲᠣᠬᠢᠷᠠᠭᠤᠯᠤᠭᠠᠳ ᠪᠠᠢᠭᠰᠠᠨ ᠢ᠋ ᠪᠢᠳᠡ ᠠᠩᠬᠠᠷᠴᠤ ᠰᠡᠷᠡᠮᠵᠢᠯᠡᠬᠦ ᠦᠭᠡᠢ ᠪᠡᠷ ᠨᠢᠭᠤᠴᠠ ᠶᠠᠭᠤᠮ᠎ᠠ ᠶᠠᠷᠢᠯᠴᠠᠭᠰᠠᠨ ᠠ᠋ᠴᠠ ᠸᠠᠩ ᠯᠠᠨ ᠬᠤᠸᠠ ᠨᠥᠬᠥᠷ ᠬᠣᠣᠷᠯᠠᠭᠳᠠᠭᠰᠠᠨ ᠪᠠᠢᠨ᠎ᠠ᠃ ᠥᠴᠥᠭᠡᠳᠦᠷ ᠰᠥᠨᠢ ᠪᠢᠳᠡ ᠸᠠᠩ ᠯᠠᠨ ᠬᠤᠸᠠ ᠶ᠋ᠢᠨ ᠳ᠋ᠦ᠍ ᠪᠠᠢᠬᠤ ᠳᠤ ᠪᠠᠨ ᠬᠠᠨ ᠠᠪᠤᠭᠠᠢ ᠶ᠋ᠢᠨ ᠳ᠋ᠦ᠍ ᠶᠠᠪᠤᠬᠤ ᠲᠤᠬᠠᠢ ᠬᠠᠯᠲᠤ ᠶᠠᠷᠢᠯᠴᠠᠭᠠᠳ ᠠᠪᠤᠭᠰᠠᠨ ᠢ᠋ ᠴᠦ᠍ ᠬᠤᠯᠠᠭᠠᠢᠯᠠᠵᠤ ᠰᠣᠨᠣᠰᠤᠭᠠᠳ ᠨᠠᠮ᠎ᠠ ᠶᠢ ᠪᠠᠰᠠ ᠬᠣᠣᠷᠯᠠᠬᠤ ᠪᠠᠷ ᠤᠷᠤᠯᠳᠤᠵᠤ ᠪᠠᠢᠬᠤ ᠶᠤᠮ ᠴᠢᠨᠢ ᠴᠢᠨᠦ ᠠᠮᠢ ᠨᠠᠰᠤᠨ ᠤ᠋ ᠠᠶᠤᠯ ᠨᠡᠩ ᠶᠡᠬᠡ ᠶᠦᠮ᠃ ᠭᠡᠪᠡᠴᠦ ᠪᠢᠳᠡ ᠲᠠᠨ ᠢ᠋ ᠬᠠᠤᠯᠢ ᠪᠠᠷ ᠬᠠᠮᠠᠭᠠᠯᠠᠨ᠎ᠠ ᠰᠢᠦ᠃ ᠲᠠ ᠬᠡᠷᠪᠡ ᠪᠢᠳᠡᠨ ᠢ᠋ ᠢᠲᠡᠭᠡᠵᠦ ᠪᠠᠢᠪᠠᠯ ᠬᠡᠳᠦᠨ ᠵᠦᠢᠯ ᠦ᠋ᠨ ᠤᠴᠢᠷ ᠢ᠋ ᠦᠨᠡᠨ ᠢ᠋ᠶ᠋ᠡᠷ ᠨᠢ ᠲᠤᠰᠬᠠᠵᠤ ᠥᠭᠭᠦᠨ᠎ᠡ ᠤᠤ? 
       — ᠁ 
       — ᠦᠵᠡᠰᠬᠦᠯᠡᠩ ᠦ᠋ᠨ ᠬᠥᠯ ᠬᠤᠭᠤᠷᠠᠭᠰᠠᠨ ᠤ᠋ ᠳᠠᠷᠠᠭ᠎ᠠ ᠲᠠ ᠪᠣᠯᠤᠷᠴᠠᠭᠠᠨ ᠳ᠋ᠤ᠌ ᠡᠮ ᠣᠯᠵᠤ ᠥᠭᠭᠦᠭᠰᠡᠨ ᠤᠤ? 
       — ᠥᠭᠭᠦᠭᠰᠡᠨ᠃ 
       — ᠪᠣᠯᠣᠷᠴᠠᠭᠠᠨ ᠢ᠋ ᠪᠠᠷᠢᠪᠴᠢᠯᠠᠭᠳᠠᠭᠰᠠᠨ ᠤ᠋ ᠳᠠᠷᠠᠭ᠎ᠠ ᠥᠷᠯᠥᠭᠡ ᠶ᠋ᠢᠨ ᠨᠠᠢ᠍ᠮᠠᠨ ᠴᠠᠭ ᠲᠤ᠌ ᠲᠠ ᠲᠡᠭᠦᠨ ᠲᠡᠢ ᠰᠡᠮᠡᠬᠡᠷ ᠠᠭᠤᠯᠵᠠᠭᠠᠳ ᠶᠠᠭᠤ ᠶᠠᠷᠢᠯᠴᠠᠭᠰᠠᠨ ᠪᠣᠢ? 
       — ᠁ 
       — ᠬᠣᠣᠷᠲᠤ ᠡᠮ ᠦ᠋ᠨ ᠤᠴᠢᠷ ᠪᠢᠵᠡ? 
       — ᠁ 
       — ᠥᠨᠥᠳᠥᠷ ᠲᠠ ᠬᠡᠨ ᠦ᠌ ᠳ᠋ᠢᠶᠠᠩᠬᠤᠸᠠ ᠶ᠋ᠢ ᠲᠤᠰᠤᠭᠰᠠᠨ ᠪᠣᠢ? 
       — ᠬᠡᠨ ᠦ᠌ ᠳ᠋ᠢᠶᠠᠩᠬᠤᠸᠠ ᠶ᠋ᠢ ᠴᠦ᠍ ᠲᠤᠰᠤᠭᠰᠠᠨ ᠦᠭᠡᠢ᠃ 
       ᠡᠦ ᠹᠧᠩ ᠮᠧᠢ ᠶ᠋ᠢᠨ ᠴᠢᠷᠠᠢ ᠠᠢᠬᠤᠪᠲᠤᠷ ᠬᠤᠪᠢᠷᠠᠵᠤ ᠣᠷᠣᠨ ᠳᠤ ᠪᠠᠨ ᠰᠠᠭᠤᠵᠤ ᠲᠣᠭᠲᠠᠬᠤ ᠦᠭᠡᠢ ᠴᠡᠴᠡᠷᠡᠵᠦ ᠡᠬᠢᠯᠡᠯ᠎ᠡ᠃ 
       — ᠡᠦ ᠹᠧᠩ ᠮᠧᠢ ᠨᠥᠬᠥᠷ ᠠ᠋᠂ ᠲᠠ ᠡᠳᠡᠭᠡᠷ ᠢ᠋ ᠥᠪ ᠦᠨᠡᠨ ᠢ᠋ᠶ᠋ᠡᠷ ᠳᠤᠰᠬᠠᠬᠤ ᠨᠢ ᠪᠢᠳᠡᠨ ᠳ᠋ᠦ᠍ ᠶᠡᠬᠡ ᠬᠠᠪᠰᠤᠷᠤᠯᠭ᠎ᠠ ᠲᠤᠰᠠᠯᠠᠮᠵᠢ ᠪᠣᠯᠬᠤ ᠶᠤᠮ᠃ ᠭᠡᠲᠡᠯ᠎ᠡ ᠶᠠᠭ ᠬᠡᠯᠡᠬᠦ ᠦᠭᠡᠢ ᠪᠣᠯ ᠠᠯᠪᠠᠳᠠᠬᠤ ᠠᠷᠭ᠎ᠠ ᠦᠭᠡᠢ ᠳᠡ᠃ ᠭᠡᠲᠡᠯ᠎ᠡ ᠪᠢ ᠴᠢᠨᠦ ᠠᠮᠤᠷ ᠮᠡᠨᠳᠦ ᠶ᠋ᠢ ᠪᠠᠲᠤᠯᠠᠬᠤ ᠶ᠋ᠢᠨ ᠲᠥᠯᠥᠭᠡ ᠣᠳᠣ ᠠ᠋ᠴᠠ ᠡᠬᠢᠯᠡᠵᠦ ᠨᠢᠭᠡ ᠨᠢᠭᠤᠴᠠ ᠭᠠᠵᠠᠷ ᠰᠠᠭᠤᠯᠭᠠᠨ᠎ᠠ᠃ ᠨᠢᠭᠡ ᠭᠠᠷᠠᠭ ᠬᠠᠮᠢᠭ᠎ᠠ ᠴᠦ᠍ ᠶᠠᠪᠤᠵᠤ ᠪᠣᠯᠬᠤ ᠦᠭᠡᠢ᠃ ᠡᠨᠡ ᠶᠠᠪᠤᠳᠠᠯ ᠢ᠋ ᠲᠠᠨ ᠤ᠋ ᠪᠠᠢᠭᠤᠯᠭ᠎ᠠ ᠳ᠋ᠤ᠌ ᠵᠣᠬᠢᠰ ᠢ᠋ ᠨᠢ ᠦᠵᠡᠵᠦ ᠮᠡᠳᠡᠭᠳᠡᠬᠦ ᠶᠦᠮ᠃ ᠭᠡᠪᠡᠴᠦ ᠰᠠᠨᠠᠭ᠎ᠠ ᠪᠠᠨ ᠰᠤᠯᠠ ᠲᠠᠯᠪᠢᠬᠤ ᠬᠡᠷᠡᠭᠲᠡᠢ᠃ ᠡᠳᠡᠭᠡᠷ ᠢ᠋ ᠪᠡᠶᠡᠯᠡᠭᠦᠯᠵᠦ ᠳᠡᠢᠯᠦᠨ᠎ᠡ ᠤᠤ? 
       ᠡᠦ ᠹᠧᠩ ᠮᠧᠢ ᠲᠣᠯᠣᠭᠠᠢ ᠪᠠᠨ ᠵᠣᠪᠠᠭᠤᠷᠢᠲᠠᠢᠬᠠᠨ ᠳᠣᠬᠢᠰᠬᠢᠵᠡᠢ᠃ 
       ᠲᠦᠪᠰᠢᠨ ᠢ᠋ ᠭᠠᠳᠠᠨ᠎ᠠ ᠭᠠᠷᠬᠤ ᠳ᠋ᠤ᠌ ᠰᠤᠯᠠ ᠬᠤᠪᠴᠠᠰᠤ ᠲᠠᠢ ᠭᠤᠷᠪᠠᠨ ᠬᠥᠮᠦᠨ ᠡᠮᠦᠨ᠎ᠡ ᠡᠴᠡ ᠨᠢ ᠢᠷᠡᠪᠡ᠃ ᠲᠡᠷᠡ ᠲᠡᠳᠡᠨ ᠲᠡᠢ ᠠᠭᠤᠯᠵᠠᠮᠠᠭᠴᠠ᠄ 
       — ᠶᠠᠮᠠᠷ ᠬᠥᠳᠡᠯᠦᠯ ᠪᠠᠢᠨ᠎ᠠ? ᠭᠡᠵᠦ ᠤᠭᠲᠤᠨ ᠠᠰᠠᠭᠤᠪᠠ᠃ 
       — ᠠᠷᠪᠠᠨ ᠴᠠᠭ ᠤ᠋ᠨ ᠤᠷᠳᠤᠭᠤᠷ ᠨᠢᠭᠡ ᠬᠥᠮᠦᠨ ᠦ᠌ ᠰᠡᠭᠦᠳᠡᠷ ᠠᠰᠠᠷ ᠤ᠋ᠨ ᠪᠠᠷᠠᠭᠤᠨ ᠥᠨᠴᠥᠭ ᠢ᠋ᠶ᠋ᠡᠷ ᠨᠠᠪᠲᠠᠰᠬᠢᠨ ᠦᠵᠡᠭᠳᠡᠭᠡᠳ ᠠᠪᠤᠯ᠎ᠠ᠃ ᠲᠡᠭᠡᠭᠡᠳ ᠪᠢᠳᠡ ᠬᠣᠶᠠᠷ ᠲᠡᠷᠡ ᠬᠥᠮᠦᠨ ᠢ᠋ ᠶᠠᠭᠠᠬᠢᠵᠤ ᠡᠷᠢᠭᠰᠡᠨ ᠴᠦ᠍ ᠣᠯᠤᠭᠰᠠᠨ ᠦᠭᠡᠢ᠃ 
       — ᠡᠮᠨᠡᠯᠭᠡ ᠶ᠋ᠢᠨ ᠬᠣᠷᠢᠶ᠎ᠠ ᠪᠠᠷ ᠶᠠᠮᠠᠷ ᠪᠠᠢᠳᠠᠯ ᠲᠠᠢ ᠪᠠᠢᠨ᠎ᠠ? 
       — ᠶᠠᠮᠠᠷ ᠴᠦ᠍ ᠣᠨᠴᠠᠭᠠᠢ ᠪᠠᠢᠳᠠᠯ ᠦᠭᠡᠢ᠃ 
       — ᠣᠳᠣ ᠲᠠ ᠨᠠᠷ ᠬᠠᠷᠢᠵᠤ ᠠᠮᠠᠷᠠᠭᠠᠴᠢ! 
       ᠳᠡᠮᠡᠢ ᠤᠳᠠᠭᠰᠠᠨ ᠦᠭᠡᠢ ᠲᠦᠪᠰᠢᠨ ᠬᠥᠬᠡᠲᠤᠯᠢ ᠬᠣᠶᠠᠭᠤᠯᠠ ᠳᠤᠮᠳᠠ ᠪᠠᠨ ᠡᠦ ᠹᠧᠩ ᠮᠧᠢ ᠶ᠋ᠢ ᠳᠠᠭᠠᠭᠤᠯᠤᠨ ᠭᠡᠷ ᠡᠴᠡ ᠪᠥᠷᠲᠥᠯᠵᠡᠨ ᠭᠠᠷᠴᠤ ᠢᠷᠡᠯ᠎ᠡ᠃ ᠴᠣᠬᠣᠮ ᠬᠠᠮᠢᠭ᠎ᠠ ᠣᠴᠢᠬᠤ ᠶ᠋ᠢ ᠪᠤᠤ ᠮᠡᠳᠡ᠃ ᠬᠠᠷᠢᠨ ᠪᠦᠷ ᠭᠠᠷ ᠫᠤᠤ ᠪᠠᠨ ᠪᠡᠯᠡᠨ ᠠᠳᠬᠤᠵᠤ ᠪᠠᠢᠯ᠎ᠠ᠃ ᠪᠠᠬᠠᠨ ᠤᠳᠠᠭᠠᠳ ᠲᠦᠪᠰᠢᠨ ᠴᠣᠬᠣᠮ ᠶᠠᠭᠤ ᠪᠣᠳᠣᠭᠰᠠᠨ ᠢ᠋ ᠪᠤᠤ ᠮᠡᠳᠡ᠃ ᠡᠦ ᠹᠧᠩ ᠮᠧᠢ ᠲᠡᠢ ᠵᠡᠷᠭᠡᠴᠡᠨ ᠶᠠᠪᠤᠬᠤ ᠳᠤ ᠪᠠᠨ᠄ 
       — ᠲᠠ ᠴᠣᠬᠣᠮ ᠬᠡᠵᠢᠶ᠎ᠡ ᠲᠡᠷᠭᠡ ᠵᠢᠯᠣᠭᠣᠳᠬᠤ ᠶ᠋ᠢ ᠰᠤᠷᠤᠭᠰᠠᠨ ᠪᠣᠢ ᠭᠡᠵᠦ ᠵᠠᠭᠤᠢ ᠰᠢᠯᠤᠭᠤᠬᠠᠨ ᠲᠤᠯᠭᠠᠨ ᠠᠰᠠᠭᠤᠵᠠᠢ᠃ 
       — ᠠᠷᠪᠠᠨ ᠬᠡᠳᠦᠨ ᠵᠢᠯ ᠦ᠋ᠨ ᠡᠮᠦᠨ᠎ᠡ᠃ ᠭᠡᠪᠡᠴᠦ ᠬᠣᠵᠢᠮ ᠨᠢ ᠳᠡᠮᠡᠢ ᠶᠡᠬᠡ ᠣᠷᠣᠯᠳᠣᠬᠤ ᠵᠠᠪᠰᠢᠶᠠᠨ ᠦᠭᠡᠢ ᠪᠣᠯᠵᠠᠢ ᠭᠡᠵᠦ ᠡᠦ ᠹᠧᠩ ᠮᠧᠢ ᠶ᠋ᠢᠨ ᠬᠡᠯᠡᠬᠦ ᠶ᠋ᠢ ᠲᠦᠪᠰᠢᠨ ᠭᠠᠢᠬᠠᠨ ᠰᠣᠨᠣᠰᠴᠤ ᠪᠠᠢᠯ᠎ᠠ᠃ 


           ᠤᠩᠰᠢᠭᠰᠠᠨ ᠨᠢ᠄ ᠴᠡᠴᠡᠭᠮ᠎ᠠ