ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠨᠢᠭᠡ> Хялгасан дөрөөн дээр – Хасвулаг зохиов <1>
ᠬᠢᠯᠭᠠᠰᠤᠨ ᠳᠥᠷᠥᠭᠡᠨ ᠳᠡᠭᠡᠷ᠎ᠡ - <ᠨᠢᠭᠡ>
ᠨᠢᠭᠡ
ᠲᠡᠭᠦᠨ ᠢ᠋ ᠠᠬᠠᠰᠢᠷᠠᠭ᠎ᠠ ᠨᠠᠰᠤᠨ ᠤ᠋ ᠵᠠᠰᠠᠪᠤᠷᠢ ᠦᠭᠡᠢ ᠡᠪᠡᠳᠴᠢᠨ ᠢ᠋ᠶ᠋ᠡᠷ ᠣᠨᠣᠰᠢᠯᠠᠭᠰᠠᠨ ᠪᠢᠰᠢ᠂ ᠬᠠᠷᠢᠨ ᠤᠯᠠᠭᠠᠨ ᠬᠠᠯᠵᠠᠨ ᠲᠠᠮᠠᠭ᠎ᠠ ᠳᠠᠷᠤᠭᠰᠠᠨ᠂ ᠴᠠᠭᠠᠵᠠ ᠪᠠᠷ ᠠᠪᠠᠴᠢᠬᠤ ᠪᠢᠴᠢᠭ ᠢ᠋ᠶ᠋ᠡᠷ ᠡᠴᠦᠰ ᠦ᠋ᠨ ᠡᠳᠦᠷ ᠢ᠋ ᠨᠢ ᠢᠯᠳᠠᠷ ᠦᠭᠡᠢ ᠵᠢᠭᠠᠭᠰᠠᠨ ᠪᠠᠢᠯ᠎ᠠ᠃
ᠥᠷᠭᠡᠨ ᠮᠠᠩᠨᠠᠢ ᠪᠣᠯᠤᠨ ᠨᠢᠳᠦᠨ ᠵᠣᠪᠬᠢ ᠪᠠᠷ ᠨᠢ ᠠᠲᠤᠷᠢᠶ᠎ᠠ ᠣᠷᠣᠭᠠᠳᠤᠢ ᠡᠨᠡ ᠬᠥᠮᠦᠨ ᠵᠠᠭᠤᠢ ᠯᠠ ᠵᠣᠷᠢᠭ ᠲᠠᠢ ᠠᠪᠤ ᠶ᠋ᠢᠨ ᠬᠦᠦ ᠪᠣᠯᠤᠯᠲᠠᠢ᠃ ᠠᠮᠢ ᠪᠠᠨ ᠪᠦᠷᠢᠯᠭᠡᠬᠦ ᠭᠠᠷ ᠭᠦᠢᠴᠡᠳᠬᠡᠯ ᠬᠢᠬᠦ ᠭᠡᠭᠴᠢ ᠶᠣᠰᠣᠲᠠᠢ ᠯᠠ ᠠᠶᠤᠵᠤ ᠰᠦᠷᠳᠡᠨ᠂ ᠮᠥᠨ ᠮᠡᠳᠡᠷᠡᠯ ᠬᠡᠪ ᠢ᠋ᠶ᠋ᠡᠨ ᠠᠯᠳᠠᠮᠠᠷ ᠯᠠ ᠶᠠᠪᠤᠳᠠᠯ ᠪᠠᠢᠵᠤ ᠲᠠᠭᠠᠷᠠᠨ᠎ᠠ᠃ ᠭᠡᠲᠡᠯ᠎ᠡ ᠲᠡᠷᠡ ᠲᠡᠭᠰᠢᠬᠡᠨ ᠰᠠᠭᠤᠵᠤ ᠯᠠᠪᠳᠠᠭᠤᠨ ᠴᠢᠷᠠᠢᠯᠠᠨ ᠰᠢᠭᠦᠬᠦ ᠬᠣᠷᠢᠶᠠᠨ ᠤ᠋ ᠡᠴᠦᠰ ᠦ᠋ᠨ ᠰᠢᠭᠦᠯᠲᠡ ᠶ᠋ᠢ ᠤᠷᠤᠰᠤᠮ᠎ᠠ ᠲᠣᠳᠣᠬᠠᠨ ᠬᠠᠷᠢᠭᠤᠯᠤᠭᠰᠠᠭᠠᠷ᠁
— ᠨᠡᠷ᠎ᠡ ᠴᠢᠨᠢ?
— ᠪᠣᠯᠤᠷᠴᠠᠭᠠᠨ᠃
— ᠨᠠᠰᠤ ᠴᠢᠨᠢ?
— ᠭᠤᠴᠢᠨ ᠨᠠᠢ᠍ᠮᠠᠲᠠᠢ᠃
— ᠪᠠᠷᠢᠪᠴᠢᠯᠠᠭᠳᠠᠬᠤ ᠠ᠋ᠴᠠ ᠡᠮᠦᠨ᠎ᠡ ᠶᠠᠮᠠᠷ ᠠᠵᠢᠯ ᠲᠠᠢ ᠪᠠᠢᠭᠰᠠᠨ ᠪᠣᠢ?
— ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠤ᠋ ᠡᠮᠴᠢ᠃
— ᠶᠠᠮᠠᠷ ᠶᠠᠯ᠎ᠠ ᠪᠠᠷ ᠪᠠᠷᠢᠪᠴᠢᠯᠠᠭᠳᠠᠭᠰᠠᠨ ᠪᠣᠢ?
— ᠬᠥᠮᠦᠨ ᠠᠯᠠᠭᠰᠠᠨ ᠶᠠᠯ᠎ᠠ ᠪᠠᠷ᠃
— ᠬᠡᠵᠢᠶ᠎ᠡ ᠬᠡᠨ ᠢ᠋ ᠶᠠᠭᠠᠬᠢᠵᠤ ᠠᠯᠠᠭᠰᠠᠨ ᠪᠣᠢ?
— ᠨᠢᠳᠤᠨᠤᠨ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠠᠷᠪᠠᠨ ᠨᠠᠢ᠍ᠮᠠᠨ ᠤ᠋ ᠦᠳᠡᠰᠢ᠂ ᠡᠬᠡᠨᠡᠷ ᠢ᠋ᠶ᠋ᠡᠨ ᠬᠣᠣᠷᠲᠤ ᠡᠮ ᠢ᠋ᠶ᠋ᠡᠷ ᠠᠯᠠᠭᠰᠠᠨ᠃
— ᠡᠬᠡᠨᠡᠷ ᠦ᠋ᠨ ᠴᠢᠨᠢ ᠨᠡᠷ᠎ᠡ ᠬᠡᠨ? ᠤᠤᠯ ᠳ᠋ᠠᠭᠠᠨ ᠶᠠᠭᠤ ᠬᠢᠵᠦ ᠪᠠᠢᠭᠰᠠᠨ ᠶᠤᠮ?
— ᠦᠵᠡᠰᠬᠦᠯᠡᠩ ᠭᠡᠳᠡᠭ᠂ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠡᠮᠴᠢ᠃
ᠲᠦᠮᠡᠨᠨᠠᠰᠤᠲᠤ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠡᠷᠡᠭᠦᠦ ᠶ᠋ᠢᠨ ᠲᠢᠩᠬᠢᠮ ᠦ᠋ᠨ ᠳᠠᠷᠤᠭ᠎ᠠ ᠲᠦᠪᠰᠢᠨ ᠭᠤᠸᠠᠢ᠂ ᠶᠠᠯᠠᠲᠠᠨ ᠪᠤᠯᠣᠷᠴᠠᠭᠠᠨ ᠠ᠋ᠴᠠ ᠢᠩᠭᠢᠵᠦ ᠳᠥᠭᠥᠮ ᠲᠦᠳᠡᠬᠡᠨ ᠬᠡᠳᠦᠨ ᠦᠭᠡ ᠪᠡᠷ ᠣᠪᠣᠭ ᠨᠡᠷ᠎ᠡ᠂ ᠬᠢᠭᠰᠡᠨ ᠶᠠᠯ᠎ᠠ ᠶ᠋ᠢ ᠨᠢ ᠠᠯᠪᠠᠨ ᠶᠣᠰᠣᠭᠠᠷ ᠤᠬᠤᠴᠢᠯᠠᠵᠤ ᠠᠰᠠᠭᠤᠭᠠᠳ ᠦᠭᠡ ᠪᠡᠨ ᠪᠠᠬᠠᠨ ᠵᠠᠪᠰᠠᠷᠯᠠᠯ᠎ᠠ᠃
ᠦᠨᠡᠨ ᠳ᠋ᠡᠭᠡᠨ ᠲᠡᠷᠡ ᠡᠳᠡᠭᠡᠷ ᠢ᠋ ᠲᠣᠪ ᠲᠣᠳᠣᠷᠬᠠᠢ ᠮᠡᠳᠡᠵᠦ ᠪᠣᠢ᠃
ᠭᠡᠪᠡᠴᠦ ᠵᠠᠪᠠᠯ ᠢᠩᠭᠢᠵᠦ ᠳᠠᠪᠲᠠᠨ ᠠᠰᠠᠭᠤᠬᠤ ᠶᠣᠰᠣ ᠪᠠᠢᠳᠠᠭ ᠠᠵᠢ᠃
ᠲᠦᠪᠰᠢᠨ ᠭᠡᠵᠦ ᠳᠤᠮᠳᠠ ᠨᠠᠰᠤᠨ ᠳ᠋ᠠᠭᠠᠨ ᠶᠠᠪᠤᠭ᠎ᠠ ᠮᠠᠷᠢᠶᠠᠯᠢᠭ ᠪᠡᠶ᠎ᠡ ᠲᠡᠢ᠂ ᠴᠢᠷᠠᠢ ᠨᠢ ᠬᠠᠷ᠎ᠠ ᠴᠦ᠍ ᠪᠢᠰᠢ᠂ ᠴᠠᠭᠠᠨ ᠴᠦ᠍ ᠪᠢᠰᠢ᠂ ᠰᠢᠷ᠎ᠠ ᠯᠠ ᠬᠥᠮᠦᠨ᠃ ᠴᠣᠭ ᠲᠠᠢ ᠰᠢᠷᠠᠪᠲᠤᠷ ᠨᠢᠳᠦ ᠨᠢ ᠬᠥᠮᠦᠰ ᠲᠦ᠍ ᠰᠦᠷ ᠭᠡᠷᠡᠯ ᠲᠡᠢ ᠬᠠᠷᠠᠭᠳᠠᠳᠠᠭ ᠪᠢᠯᠡ᠃
ᠭᠠᠭᠴᠠ ᠬᠦ᠌ ᠡᠨᠡ ᠬᠥᠮᠦᠨ ᠦᠭᠡ ᠬᠡᠯᠡᠬᠦ ᠪᠣᠯᠭᠠᠨ ᠪᠠᠬᠠᠨ ᠢᠨᠢᠶᠡᠮᠰᠦᠭᠯᠡᠬᠦ ᠮᠠᠶᠢᠭ ᠤ᠋ᠨ ᠵᠥᠭᠡᠯᠡᠨ ᠠᠭᠠᠯᠢ ᠭᠠᠷᠭᠠᠬᠤ ᠨᠢ ᠠᠶᠠᠨᠳᠠᠭᠠᠨ ᠳᠠᠳᠬᠠᠯ ᠪᠣᠯᠤᠭᠠᠳ ᠨᠢᠭᠤᠷ ᠲᠤᠨᠢ ᠲᠣᠭᠲᠠᠪᠤᠷᠢᠵᠢᠭᠰᠠᠨ ᠬᠡᠪ ᠪᠣᠯᠤᠨ ᠬᠤᠪᠢᠷᠠᠭᠰᠠᠨ ᠠ᠋ᠴᠠ ᠨᠢᠳᠦᠨ ᠦ᠌ ᠬᠢᠨᠢ ᠣᠨᠴᠠᠯᠢᠭ ᠲᠠᠢ ᠵᠥᠷᠢᠴᠡᠯᠳᠦᠵᠦ᠂ ᠰᠦᠷ ᠦᠢᠯᠡᠳᠦᠯ ᠢ᠋ ᠨᠢ ᠭᠦᠢᠴᠡᠳ ᠪᠠᠳᠠᠷᠠᠭᠤᠯᠬᠤ ᠳ᠋ᠤ᠌ ᠵᠢᠭᠠᠬᠠᠨ ᠬᠠᠷᠰᠢ ᠪᠣᠯᠵᠠᠢ᠃
ᠬᠠᠷᠢᠨ ᠡᠨᠡ ᠠᠪᠤᠭᠠᠢ ᠳ᠋ᠤ᠌ ᠭᠠᠤᠯᠢᠨ ᠬᠣᠩᠬᠣ ᠭᠡᠮᠡᠷ ᠲᠣᠳᠣᠬᠠᠨ ᠴᠡᠪᠡᠷ ᠬᠣᠭᠣᠯᠠᠢ ᠲᠠᠢ᠃
ᠲᠡᠷᠡ ᠴᠣᠬᠣᠮ ᠳᠠᠭᠤᠤ ᠳᠠᠭᠤᠯᠠᠵᠤ ᠴᠢᠳᠠᠳᠠᠭ ᠡᠰᠡᠬᠦ ᠶ᠋ᠢ ᠨᠢ ᠮᠡᠳᠡᠬᠦ ᠦᠭᠡᠢ᠂ ᠬᠡᠨ ᠴᠦ᠍ ᠲᠡᠭᠦᠨ ᠦ᠌ ᠳᠠᠭᠤᠯᠠᠬᠤ ᠶ᠋ᠢ ᠰᠣᠨᠣᠰᠤᠭᠰᠠᠨ ᠦᠭᠡᠢ ᠭᠡᠨ᠎ᠡ᠃
ᠭᠡᠲᠡᠯ᠎ᠡ ᠣᠯᠠᠨ ᠨᠠᠢᠳᠠ ᠶ᠋ᠢᠨ ᠴᠤᠭᠯᠠᠭᠠᠨ ᠳᠡᠭᠡᠷ᠎ᠡ ᠢᠯᠡ ᠰᠢᠭᠦᠯᠲᠡ ᠬᠢᠬᠦ᠂ ᠠᠰᠠᠭᠤᠵᠤ ᠯᠠᠪᠯᠠᠬᠤ᠂ ᠲᠠᠢᠯᠪᠤᠷᠢᠯᠠᠨ ᠲᠣᠲᠣᠷᠬᠠᠢᠯᠠᠬᠤ ᠦᠭᠡ ᠠᠶᠠᠯᠭᠤ ᠨᠢ ᠨᠡᠭᠡᠷᠡᠨ ᠢᠷᠠᠭᠤ ᠬᠥᠭᠵᠢᠮ ᠦ᠋ᠨ ᠠᠶᠠᠰ ᠰᠢᠭ᠋ ᠲᠡᠢᠮᠦ ᠯᠡ ᠲᠣᠳᠣ ᠮᠥᠷᠲᠡᠭᠡᠨ ᠥᠨᠳᠥᠷ ᠪᠣᠭᠣᠨᠢ᠂ ᠠᠢᠵᠠᠮ ᠴᠣᠬᠢᠯᠭ᠎ᠠ ᠲᠠᠭᠠᠷᠠᠨ ᠢᠷᠠᠭᠤᠬᠠᠨ ᠬᠦᠩᠬᠢᠨᠡᠮ᠎ᠡ ᠰᠣᠨᠣᠰᠳᠠᠬᠤ ᠠᠵᠢ᠃
ᠲᠦᠪᠰᠢᠨ ᠦ᠌ ᠪᠠᠭ᠎ᠠ ᠶ᠋ᠢᠨ ᠨᠠᠢᠵᠠ᠂ ᠳᠣᠲᠣᠨᠣ ᠨᠥᠬᠥᠷ ᠬᠠᠨ ᠱᠧᠦ ᠵᠦᠩ ᠭᠡᠭᠴᠢ ᠡᠮᠨᠡᠯᠭᠡ ᠶ᠋ᠢᠨ ᠮᠡᠷᠭᠡᠵᠢᠯᠲᠡᠨ᠃ ᠲᠡᠭᠦᠨ ᠲᠡᠢ ᠭᠠᠢᠭᠤᠢ ᠦᠶᠡᠷᠬᠡᠵᠦ ᠶᠠᠷ᠎ᠠ ᠡᠮᠵᠡᠭ ᠢ᠋ᠶ᠋ᠡᠨ ᠮᠠᠭᠠᠵᠢᠯᠴᠠᠨ ᠨᠢᠭᠤᠴᠠ ᠳᠠᠯᠳᠠ ᠪᠠᠨ ᠬᠦᠦᠷᠨᠢᠬᠦ ᠡᠷᠡᠭᠡ ᠵᠢᠷᠣᠭ᠎ᠠ ᠦᠭᠡᠢ ᠬᠠᠷᠢᠴᠠᠭ᠎ᠠ ᠲᠠᠢ ᠠ᠋ᠴᠠ ᠨᠠᠭᠠᠳᠤᠮ ᠬᠢᠨ᠄《ᠭᠠᠢᠬᠠᠯ ᠲᠦᠪᠰᠢᠨ ᠴᠢ ᠳᠡ᠂ ᠬᠥᠩᠬᠥᠷ ᠰᠢᠷ᠎ᠠ ᠨᠢᠳᠦ᠂ ᠭᠦᠳᠦᠭᠦᠷ ᠰᠢᠷ᠎ᠠ ᠴᠢᠷᠠᠢ᠂ ᠠᠷᠰᠠᠭᠠᠷ ᠰᠢᠷ᠎ᠠ ᠰᠢᠲᠦ᠂ ᠨᠢᠭᠤᠷ ᠳᠦᠭᠦᠷᠡᠩ ᠰᠢᠷᠠᠯᠠᠭᠠᠳ ᠨᠢᠭᠡ ᠴᠦ᠍ ᠡᠭᠡᠯᠢᠲᠡᠢ ᠳᠤᠯᠠᠭᠠᠨ ᠬᠠᠷᠠᠭᠳᠠᠬᠤ ᠭᠠᠵᠠᠷ ᠦᠭᠡᠢ ᠶᠦᠮ᠃ ᠨᠡᠭᠡᠷᠡᠨ ᠪᠠᠯᠠᠷ ᠡᠷᠲᠡᠨ ᠦ᠌ ᠠᠯᠲᠠᠨ ᠰᠢᠷ᠎ᠠ ᠦᠰᠦᠲᠦ ᠰᠠᠷᠮᠠᠭᠴᠢᠨ ᠠ᠋ᠴᠠ ᠬᠤᠪᠢᠯᠤᠭᠠᠳ ᠤᠳᠠᠭᠠᠳᠤᠢ ᠪᠣᠯᠪᠠ ᠤᠤ ᠭᠡᠮᠡᠷ ᠵᠣᠯᠢᠭ ᠳᠠ᠃ ᠭᠡᠲᠡᠯ᠎ᠡ ᠶᠠᠭᠠᠬᠢᠭᠠᠳ ᠡᠢᠮᠦ ᠨᠢᠭᠡ ᠠᠯᠲᠠᠨ ᠭᠤᠷᠭᠤᠤᠯᠳᠠᠢ ᠳᠣᠩᠭᠣᠳᠬᠤ ᠰᠢᠭ᠋ ᠤᠶᠠᠬᠠᠨ ᠴᠡᠭᠡᠯ ᠬᠣᠭᠣᠯᠠᠢ ᠲᠠᠢ ᠪᠣᠯᠴᠢᠬᠠᠭᠰᠠᠨ ᠪᠣᠢ? ᠴᠢᠭᠢᠶᠡᠲᠦᠷᠦᠦ!》 ᠭᠡᠳᠡᠭ ᠭᠡᠨ᠎ᠡ᠃
ᠲᠦᠪᠰᠢᠨ ᠭᠤᠸᠠᠢ ᠡᠮᠦᠨ᠎ᠡ ᠨᠢ ᠰᠠᠭᠤᠭ᠎ᠠ ᠪᠣᠯᠤᠷᠴᠠᠭᠠᠨ ᠢ᠋ ᠤᠳᠠᠲᠠᠯ᠎ᠠ ᠬᠠᠷᠠᠭᠠᠳ᠄
— ᠣᠳᠣ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠠ᠋ᠴᠠ ᠴᠢᠮ᠎ᠠ ᠳ᠋ᠤ᠌ ᠠᠯᠠᠬᠤ ᠡᠷᠡᠭᠦᠦ ᠬᠡᠷᠡᠭᠵᠢᠭᠦᠯᠬᠦ ᠪᠡᠷ ᠬᠢᠨᠠᠨ ᠲᠣᠭᠲᠠᠭᠠᠭᠰᠠᠨ ᠰᠢᠭᠦᠨ ᠲᠠᠰᠤᠯᠤᠯᠲᠠ ᠶ᠋ᠢ ᠨᠡᠢᠲᠡᠯᠡᠶᠡ ᠭᠡᠮᠡᠨ ᠤᠶᠠᠬᠠᠨ ᠲᠣᠳᠣ ᠳᠠᠭᠤᠨ ᠢ᠋ᠶ᠋ᠠᠷ ᠠᠶᠠᠯᠭᠤ ᠲᠠᠲᠠᠭᠤᠯᠤᠨ ᠬᠡᠯᠡᠭᠡᠳ ᠦᠭᠡ ᠪᠡᠨ ᠲᠠᠰᠤᠯᠪᠠ᠃
ᠲᠡᠷᠡ ᠳᠣᠷᠣᠭᠰᠢ ᠬᠠᠷᠠᠭᠰᠠᠨ ᠬᠡᠪ ᠢ᠋ᠶ᠋ᠡᠷ ᠢ᠋ᠶ᠋ᠡᠨ ᠨᠢᠳᠦᠨ ᠰᠢᠯ ᠢ᠋ᠶ᠋ᠡᠨ ᠠᠯᠭᠤᠷᠬᠠᠨ ᠠᠪᠴᠤ ᠨᠢᠮᠪᠠᠢ ᠯᠠᠪᠳᠠᠭᠤᠨ ᠵᠦᠯᠭᠦᠨ ᠵᠠᠰᠠᠵᠤ ᠵᠡᠭᠦᠭᠡᠳ ᠰᠠᠶ᠋ᠢ ᠡᠮᠦᠨ᠎ᠡ ᠨᠢ ᠲᠠᠯᠪᠢᠭᠠᠰᠤᠲᠠᠢ ᠭᠢᠯᠠᠭᠠᠷ ᠬᠠᠲᠠᠭᠤ ᠴᠠᠭᠠᠨ ᠴᠠᠭᠠᠰᠤᠲᠠᠢ ᠲᠠᠮᠠᠭ᠎ᠠ ᠰᠢᠭ᠋ ᠲᠣᠳᠣᠷᠬᠠᠢ ᠰᠢᠭᠦᠨ ᠲᠠᠰᠤᠯᠤᠯᠲᠠ ᠶ᠋ᠢᠨ ᠪᠢᠴᠢᠭ ᠢ᠋ ᠬᠣᠶᠠᠷ ᠭᠠᠷ ᠢ᠋ᠶ᠋ᠠᠷ ᠢ᠋ᠶ᠋ᠠᠨ ᠪᠠᠷᠢᠭᠠᠳ ᠪᠣᠰᠴᠤ ᠵᠣᠭᠰᠣᠪᠠ᠃
— ᠶᠠᠯᠠᠲᠠᠨ ᠪᠣᠯᠣᠷᠴᠠᠭᠠᠨ ᠡᠬᠡᠨᠡᠷ ᠦᠵᠡᠰᠬᠦᠯᠡᠩ ᠲᠡᠢ ᠪᠡᠨ ᠤᠷᠲᠤ ᠬᠤᠭᠤᠴᠠᠭ᠎ᠠ ᠪᠠᠷ ᠬᠠᠢᠷ᠎ᠠ ᠳᠤᠷᠠᠯᠠᠯ ᠢ᠋ᠶ᠋ᠠᠨ ᠠᠯᠲᠠᠨ ᠡᠪᠳᠡᠷᠡᠯᠴᠡᠵᠦ᠂ ᠣᠯᠠᠨᠲᠠ ᠴᠣᠬᠢᠵᠤ ᠵᠣᠳᠣᠨ ᠰᠢᠷᠬᠠᠲᠤᠭᠤᠯᠤᠭᠰᠠᠨ ᠢ᠋ᠶ᠋ᠠᠷ ᠦᠯᠦ ᠪᠠᠷᠠᠨ ᠠᠯᠠᠬᠤ ᠰᠠᠨᠠᠭ᠎ᠠ ᠲᠥᠷᠥᠵᠡᠢ᠃ ᠨᠢᠳᠤᠨᠤᠨ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠠᠷᠪᠠᠨ ᠲᠠᠪᠤᠨ ᠤ᠋ ᠰᠥᠨᠢ᠂ ᠦᠵᠡᠰᠬᠦᠯᠡᠩ ᠪᠣᠯᠤᠷᠴᠠᠭᠠᠨ ᠳ᠋ᠤ᠌ ᠴᠣᠬᠢᠭᠳᠠᠨ ᠰᠢᠷᠬᠠᠲᠤᠭᠠᠳ ᠭᠡᠷ ᠲᠡᠭᠡᠨ ᠡᠪᠡᠳᠴᠢᠨ ᠢ᠋ᠶ᠋ᠡᠨ ᠰᠤᠪᠢᠯᠠᠵᠤ ᠪᠠᠢᠬᠤ ᠬᠤᠭᠤᠴᠠᠭᠠᠨ ᠳ᠋ᠤ᠌᠂ ᠪᠣᠯᠤᠷᠴᠠᠭᠠᠨ ᠡᠬᠡᠨᠡᠷ ᠢ᠋ᠶ᠋ᠡᠨ ᠠᠯᠠᠵᠤ ᠪᠣᠯᠬᠤ ᠰᠠᠢᠨ ᠲᠣᠬᠢᠶᠠᠯ ᠭᠡᠵᠦ ᠦᠵᠡᠭᠡᠳ ᠠᠷᠪᠠᠨ ᠨᠠᠢ᠍ᠮᠠᠨ ᠤ᠋ ᠦᠳᠡᠰᠢ ᠶ᠋ᠢᠨ ᠵᠢᠷᠭᠤᠭᠠᠨ ᠴᠠᠭ ᠭᠠᠷᠤᠢ ᠶ᠋ᠢᠨ ᠦᠶ᠎ᠡ ᠪᠡᠷ ᠶᠠᠰᠤ ᠲᠣᠭᠲᠠᠪᠤᠷᠢᠵᠢᠭᠤᠯᠬᠤ B ᠵᠢᠷᠭᠤᠳᠤᠭᠠᠷ ᠨᠡᠷᠡᠮᠡᠯ ᠪᠣᠯᠤᠨ ᠲᠡᠭᠦᠨ ᠲᠡᠢ ᠤᠷᠪᠠᠯ ᠡᠭᠦᠰᠬᠦ ᠬᠣᠣᠷᠲᠤ ᠴᠢᠨᠠᠷ ᠤ᠋ᠨ ᠠᠮᠤᠷᠵᠢᠭᠤᠯᠬᠤ ᠡᠮ A ᠭᠤᠷᠪᠠᠳᠤᠭᠠᠷ ᠢ᠋ ᠬᠣᠯᠢᠨ ᠰᠤᠳᠠᠯ ᠳ᠋ᠤᠨᠢ ᠲᠠᠷᠢᠯᠭ᠎ᠠ ᠬᠢᠭᠰᠡᠨ ᠳ᠋ᠦ᠍ ᠦᠵᠡᠰᠬᠦᠯᠡᠩ ᠳᠣᠣᠷ᠎ᠠ ᠨᠢ ᠬᠣᠣᠷᠳᠠᠭᠠᠳ ᠦᠬᠦᠵᠡᠢ᠃
ᠳᠡᠭᠡᠷᠡᠬᠢ ᠬᠡᠷᠡᠭ ᠶᠠᠪᠤᠳᠠᠯ ᠦᠨᠡᠨ ᠮᠠᠭᠠᠳ᠂ ᠭᠡᠷᠡᠴᠢ ᠪᠠᠷᠢᠮᠲᠠ ᠲᠣᠳᠣᠷᠬᠠᠢ᠂ ᠶᠠᠯᠠᠲᠠᠨ ᠥᠪᠡᠷ ᠢ᠋ᠶ᠋ᠡᠨ ᠴᠦ᠍ ᠦᠨᠡᠨ ᠭᠡᠵᠦ ᠥᠴᠢᠭᠯᠡᠭᠰᠡᠨ ᠲᠤᠯᠠ ᠰᠠᠨᠠᠭᠠᠴᠢᠯᠠᠭ᠎ᠠ ᠲᠠᠢ ᠪᠠᠷ ᠬᠥᠮᠦᠨ ᠠᠯᠠᠭᠰᠠᠨ ᠶᠠᠯ᠎ᠠ ᠳ᠋ᠤ᠌ ᠬᠦᠷᠦᠭᠰᠡᠨ ᠪᠣᠯᠬᠣᠷ ᠡᠳᠦᠭᠡ ᠮᠠᠨ ᠤ᠋ ᠬᠣᠷᠢᠶ᠎ᠠ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠷᠡᠭᠦᠦ ᠶ᠋ᠢᠨ ᠬᠠᠤᠯᠢ ᠶ᠋ᠢᠨ 132 ᠳ᠋ᠤᠭᠠᠷ ᠵᠤᠷᠪᠤᠰ ᠪᠣᠯᠤᠨ 53 ᠳ᠋ᠤᠭᠠᠷ ᠵᠤᠷᠪᠤᠰ ᠤ᠋ᠨ ᠲᠣᠭᠲᠠᠭᠠᠯ ᠶᠣᠰᠣᠭᠠᠷ ᠬᠥᠮᠦᠨ ᠠᠯᠠᠭᠰᠠᠨ ᠶᠠᠯᠠᠲᠠᠨ ᠪᠣᠯᠤᠷᠴᠠᠭᠠᠨ ᠢ᠋ ᠠᠯᠠᠬᠤ ᠶᠠᠯ᠎ᠠ ᠪᠠᠷ ᠰᠢᠢᠳᠬᠡᠵᠦ ᠳᠣᠣᠷ᠎ᠠ ᠨᠢ ᠬᠡᠷᠡᠭᠵᠢᠭᠦᠯᠦᠨ᠂ ᠤᠯᠤᠰ ᠲᠥᠷᠥ ᠶ᠋ᠢᠨ ᠡᠷᠬᠡ ᠶ᠋ᠢ ᠨᠢ ᠨᠠᠰᠤᠨ ᠲᠤᠷᠰᠢ ᠬᠠᠰᠤᠨ᠎ᠠ᠃
ᠲᠢᠩᠬᠢᠮ ᠦ᠋ᠨ ᠳᠠᠷᠤᠭ᠎ᠠ ᠲᠦᠪᠰᠢᠨ ᠢᠩᠭᠢᠵᠦ ᠲᠣᠳᠣᠬᠠᠨ ᠳᠠᠭᠤᠨ ᠢ᠋ᠶ᠋ᠠᠷ ᠰᠢᠭᠦᠨ ᠲᠠᠰᠤᠯᠤᠯᠲᠠ ᠶ᠋ᠢᠨ ᠪᠢᠴᠢᠭ ᠢ᠋ ᠤᠩᠰᠢᠵᠤ ᠪᠠᠷᠠᠭᠠᠳ ᠳᠡᠷᠭᠡᠳᠡᠬᠢ ᠪᠢᠴᠢᠭᠡᠴᠢ ᠬᠥᠬᠡᠲᠤᠯᠢ ᠳ᠋ᠤ᠌ ᠭᠠᠷᠳᠠᠭᠤᠯᠤᠭᠠᠳ ᠥᠪᠡᠷ ᠢ᠋ᠶ᠋ᠡᠨ ᠰᠠᠭᠤᠳᠠᠯ ᠳ᠋ᠠᠭᠠᠨ ᠰᠠᠭᠤᠴᠢᠬᠠᠯ᠎ᠠ᠃
ᠲᠡᠷᠡ᠂ ᠶᠠᠯᠠᠲᠠᠨ ᠪᠣᠯᠤᠷᠴᠠᠭᠠᠨ ᠢ᠋ ᠬᠡᠳᠦᠨ ᠮᠢᠨᠦ᠋ᠲ ᠨᠢᠳᠦ ᠴᠠᠪᠴᠢᠯ ᠦᠭᠡᠢ ᠴᠣᠭᠣᠷᠣᠲᠠᠯ᠎ᠠ ᠰᠢᠷᠳᠡᠨ ᠨᠢᠭᠡ ᠦᠭᠡ ᠴᠦ᠍ ᠬᠡᠯᠡᠭᠰᠡᠨ ᠦᠭᠡᠢ᠃
ᠡᠨᠡ ᠨᠢ ᠲᠡᠭᠦᠨ ᠦ᠌ ᠪᠡᠶ᠎ᠡ ᠡᠴᠡ ᠶᠠᠮᠠᠷ ᠨᠢᠭᠡ ᠶᠠᠭᠤᠮ᠎ᠠ ᠡᠷᠢᠵᠦ ᠪᠠᠢᠭ᠎ᠠ ᠰᠢᠭ᠋ ᠪᠠᠢᠯ᠎ᠠ᠃
ᠪᠣᠯᠤᠷᠴᠠᠭᠠᠨ ᠤ᠋ ᠴᠢᠷᠠᠢ ᠠᠭᠱᠠᠨ ᠵᠠᠭᠤᠷ᠎ᠠ ᠬᠤᠵᠢᠢᠵᠤ ᠴᠠᠢᠷᠠᠭᠠᠳ ᠥᠨᠳᠥᠷ ᠨᠠᠷᠢᠬᠠᠨ ᠪᠡᠶ᠎ᠡ ᠨᠢ ᠴᠦ᠍ ᠢᠳᠡᠭ ᠢᠳᠡᠭ ᠬᠠᠢᠪᠠᠯᠵᠠᠨ ᠲᠠᠢᠪᠠᠯᠵᠠᠨᠠ᠃
ᠬᠡᠳᠦᠨ ᠮᠢᠨᠦ᠋ᠲ ᠦ᠋ᠨ ᠳᠠᠷᠠᠭ᠎ᠠ ᠲᠦᠪᠰᠢᠨ᠂ ᠪᠣᠯᠤᠷᠴᠠᠭᠠᠨ ᠢ᠋ ᠬᠠᠵᠠᠭᠤ ᠳ᠋ᠠᠬᠢ ᠰᠠᠨᠳᠠᠯᠢ ᠳᠡᠭᠡᠷ᠎ᠡ ᠳᠣᠬᠢᠵᠤ ᠰᠠᠭᠤᠯᠭᠠᠭᠠᠳ᠄
— ᠴᠢᠮᠠᠶ᠋ᠢ ᠠᠯᠠᠬᠤ ᠶᠠᠯ᠎ᠠ ᠪᠠᠷ ᠰᠢᠢᠳᠬᠡᠭᠰᠡᠨ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠰᠢᠭᠦᠨ ᠲᠠᠰᠤᠯᠤᠯᠲᠠ ᠶ᠋ᠢ ᠣᠳᠣᠬᠠᠨ ᠨᠢᠭᠡᠨᠲᠡ ᠨᠡᠢᠲᠡᠯᠡᠪᠡ᠃ ᠥᠨᠥᠳᠥᠷ ᠦ᠋ᠨ ᠦᠳᠡ ᠶ᠋ᠢᠨ ᠡᠮᠦᠨᠡᠬᠢ ᠠᠷᠪᠠᠨ ᠴᠠᠭ ᠬᠠᠭᠠᠰ ᠲᠤ᠌ ᠭᠦᠢᠴᠡᠳᠬᠡᠨ᠎ᠡ᠃ ᠮᠠᠨ ᠤ᠋ ᠬᠣᠷᠢᠶ᠎ᠠ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠬᠣᠷᠢᠶᠠᠨ ᠳᠠᠷᠤᠭ᠎ᠠ ᠠ᠋ᠴᠠ ᠪᠠᠭᠤᠯᠭᠠᠭᠰᠠᠨ ᠠᠯᠠᠬᠤ ᠶᠠᠯ᠎ᠠ ᠶ᠋ᠢ ᠭᠦᠢᠴᠡᠳᠬᠡᠬᠦ ᠵᠠᠷᠯᠢᠭ ᠵᠣᠰᠣᠭᠠᠷ ᠴᠢᠮ᠎ᠠ ᠳ᠋ᠤ᠌ ᠰᠢᠭᠦᠨ ᠲᠠᠰᠤᠯᠤᠯᠲᠠ ᠶ᠋ᠢ ᠬᠡᠷᠡᠭᠵᠢᠭᠦᠯᠬᠦ ᠪᠣᠯᠤᠨ᠎ᠠ᠃ ᠣᠳᠣ ᠪᠢᠳᠡ ᠮᠠᠨ ᠤ᠋ ᠤᠯᠤᠰ ᠤ᠋ᠨ ᠡᠷᠡᠭᠦᠦ ᠶ᠋ᠢᠨ ᠵᠠᠷᠭᠤ ᠶ᠋ᠢᠨ ᠬᠠᠤᠯᠢ ᠶ᠋ᠢᠨ 155 ᠳ᠋ᠤᠭᠠᠷ ᠵᠤᠷᠪᠤᠰ ᠤ᠋ᠨ ᠲᠣᠭᠲᠠᠭᠠᠯ ᠶᠣᠰᠣᠭᠠᠷ ᠠᠯᠠᠬᠤ ᠡᠷᠡᠭᠦᠦ ᠶ᠋ᠢ ᠬᠡᠷᠡᠭᠵᠢᠭᠦᠯᠬᠦ ᠡᠴᠡ ᠡᠮᠦᠨᠡᠬᠢ ᠬᠢᠪᠡᠰᠦ ᠵᠣᠬᠢᠬᠤ ᠭᠠᠷ ᠭᠦᠢᠴᠡᠳᠬᠡᠯ ᠢ᠋ ᠬᠢᠨ᠎ᠡ᠃
᠁
— ᠴᠢᠮᠠᠲᠤ ᠲᠥᠷᠥᠯ ᠰᠠᠳᠤᠨ᠂ ᠨᠠᠢᠵᠠ ᠨᠥᠬᠥᠳ ᠲᠡᠭᠡᠨ ᠦᠯᠡᠳᠡᠭᠡᠬᠦ ᠰᠠᠨᠠᠯ ᠱᠠᠭᠠᠷᠳᠠᠯᠭ᠎ᠠ᠂ ᠡᠳ᠋ ᠪᠣᠳᠠᠰ ᠤ᠋ᠨ ᠥᠭᠭᠦᠯ ᠠᠪᠤᠯ᠂ ᠨᠠᠢᠳᠠᠬᠤ ᠦᠭᠡ᠂ ᠵᠠᠬᠢᠬᠤ ᠭᠡᠷᠢᠶᠡᠰ ᠪᠠᠢᠨ᠎ᠠ ᠤᠤ?
— ᠪᠠᠢᠬᠤ ᠦᠭᠡᠢ᠃
— ᠴᠢ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠰᠢᠭᠦᠨ ᠲᠠᠰᠤᠯᠤᠯᠲᠠ ᠳ᠋ᠤ᠌ ᠰᠠᠨᠠᠯ ᠰᠡᠵᠢᠭᠯᠡᠯ ᠪᠠᠢᠨ᠎ᠠ ᠤᠤ?
᠁
ᠪᠣᠯᠤᠷᠴᠠᠭᠠᠨ ᠤ᠋ ᠬᠠᠮᠤᠭ ᠰᠡᠭᠦᠯ ᠦ᠋ᠨ ᠠᠰᠠᠭᠤᠳᠠᠯ ᠳ᠋ᠤ᠌ ᠢᠯᠡᠷᠡᠭᠦᠯᠦᠭᠰᠡᠨ ᠡᠭᠡᠳᠡᠷᠡᠨ ᠲᠦᠪᠡᠭᠰᠢᠶᠡᠭᠰᠡᠨ ᠪᠠᠢᠳᠠᠯ ᠪᠣᠯᠤᠨ ᠰᠢᠭᠤᠳ ᠬᠠᠷᠢᠭᠤᠯᠤᠭᠰᠠᠨ ᠦᠭᠡᠢ ᠪᠠᠢᠳᠠᠯ ᠨᠢ ᠲᠦᠪᠰᠢᠨ ᠦ᠌ ᠠᠩᠬᠠᠷᠤᠯ ᠢ᠋ ᠣᠨᠴᠠ ᠲᠠᠲᠠᠭᠰᠠᠨ ᠪᠣᠯᠤᠯᠲᠠᠢ᠃
ᠣᠷᠣ ᠠ᠋ᠴᠠ ᠪᠠᠨ ᠪᠣᠰᠤᠭᠠᠳ ᠳᠡᠷᠭᠡᠳᠡᠭᠦᠷ ᠨᠢ ᠨᠠᠭᠠᠰᠢ ᠴᠠᠭᠠᠰᠢ ᠠᠯᠬᠤᠯᠠᠬᠤ ᠶ᠋ᠢᠨ ᠳᠠᠭᠠᠤ ᠲᠠᠬᠢᠵᠤ ᠯᠠᠪᠯᠠᠨ ᠠᠰᠠᠭᠤᠪᠠ᠃
ᠶᠠᠯᠠᠲᠠᠨ ᠪᠣᠯᠤᠷᠴᠠᠭᠠᠨ ᠲᠣᠯᠣᠭᠠᠢ ᠪᠠᠨ ᠤᠨᠵᠢᠭᠤᠯᠤᠨ ᠦᠭᠡ ᠳᠤᠤᠭᠠᠷᠤᠭᠰᠠᠨ ᠦᠭᠡᠢ᠃
ᠲᠡᠷᠡ ᠭᠠᠷᠳᠠᠵᠤ ᠠᠪᠤᠭᠰᠠᠨ ᠰᠢᠭᠦᠨ ᠲᠠᠰᠤᠯᠤᠯᠲᠠ ᠶ᠋ᠢᠨ ᠪᠢᠴᠢᠭ ᠢ᠋ᠶ᠋ᠡᠨ ᠲᠡᠮᠦᠷ ᠪᠠᠷᠢᠶ᠎ᠠ ᠲᠠᠢ ᠭᠠᠷ ᠢ᠋ᠶ᠋ᠠᠷ ᠢ᠋ᠶ᠋ᠠᠨ ᠴᠡᠴᠡᠷᠬᠢᠯᠡᠨ ᠪᠠᠷᠢᠭᠰᠠᠭᠠᠷ ᠮᠡᠯᠡᠷᠡᠨ᠎ᠡ᠃ ᠡᠢᠮᠦ ᠯᠡ ᠨᠢᠭᠡ ᠬᠡᠰᠡᠭ ᠭᠢᠯᠠᠭᠠᠷ ᠴᠠᠭᠠᠨ ᠶᠠᠯᠢᠮ ᠦᠭᠡᠢᠬᠡᠨ ᠴᠠᠭᠠᠰᠤᠨ ᠳᠡᠭᠡᠷ᠎ᠡ ᠬᠣᠯᠠ ᠬᠣᠯᠠ ᠳᠠᠷᠤᠮᠠᠯᠯᠠᠭᠰᠠᠨ ᠬᠡᠳᠦᠨ ᠪᠢᠴᠢᠭ ᠡᠳᠦᠢ ᠴᠢᠨᠡᠭᠡᠨ ᠷᠢᠳᠢ ᠰᠢᠳᠢ ᠲᠡᠢ ᠪᠠᠢᠵᠤ᠂ ᠨᠡᠭᠡᠷᠡᠨ ᠤᠳᠠᠯ ᠦᠭᠡᠢ ᠲᠡᠭᠦᠨ ᠦ᠌ ᠠᠮᠢ ᠨᠠᠰᠤ ᠶ᠋ᠢ ᠳᠠᠭᠤᠰᠬᠠᠴᠢᠬᠠᠬᠤ ᠭᠡᠵᠢ ᠤᠤ?
ᠠᠯᠠᠬᠤ ᠶᠠᠯᠠᠲᠠᠨ ᠳ᠋ᠤ᠌ ᠡᠷᠡᠭᠦᠦ ᠶ᠋ᠢᠨ ᠰᠢᠢᠳᠬᠡᠯ ᠢ᠋ ᠬᠡᠷᠡᠭᠵᠢᠭᠦᠯᠬᠦ ᠡᠴᠡ ᠡᠮᠦᠨ᠎ᠡ᠂ ᠪᠡᠶ᠎ᠡ ᠶ᠋ᠢ ᠨᠢ ᠪᠠᠢᠴᠠᠭᠠᠨ ᠲᠣᠳᠣᠯᠠᠵᠤ᠂ ᠭᠡᠷᠢᠶᠡᠰ ᠨᠠᠢᠳᠠᠯᠭ᠎ᠠ ᠦᠯᠡᠳᠡᠭᠡᠬᠦ ᠡᠰᠡᠬᠦ ᠶ᠋ᠢ ᠯᠠᠪᠯᠠᠵᠤ ᠠᠰᠠᠭᠤᠬᠤ ᠨᠢ ᠤᠯᠤᠰ ᠤ᠋ᠨ ᠬᠠᠤᠯᠢ ᠳ᠋ᠤ᠌ ᠪᠠᠲᠤᠯᠠᠭᠳᠠᠭᠰᠠᠨ ᠵᠤᠷᠪᠤᠰ ᠪᠣᠯᠪᠠᠴᠤ ᠨᠢᠭᠡ ᠶᠣᠰᠣᠨ ᠳ᠋ᠠᠭᠠᠨ ᠬᠡᠳᠦᠢ ᠳᠥᠭᠥᠮ ᠬᠢᠪᠡᠯ ᠲᠡᠳᠦᠢ ᠳᠥᠭᠥᠮ ᠲᠦᠳᠡ ᠭᠠᠷ ᠭᠦᠢᠴᠡᠳᠬᠡᠯ ᠶᠦᠮ᠃
ᠲᠡᠷᠡᠴᠢᠯᠡᠨ ᠪᠣᠯᠤᠷᠴᠠᠭᠠᠨ ᠳ᠋ᠤ᠌ ᠶᠠᠮᠠᠷ ᠴᠦ᠍ ᠪᠢᠴᠢᠵᠦ ᠲᠡᠮᠳᠡᠭᠯᠡᠮᠡᠷ ᠰᠠᠨᠠᠯ ᠱᠠᠭᠠᠷᠳᠠᠯᠭ᠎ᠠ ᠥᠬᠡᠢ᠃ ᠬᠦᠯᠢᠶᠡᠵᠦ ᠬᠤᠷᠢᠶᠠᠬᠤ᠂ ᠦᠯᠡᠳᠡᠭᠡᠵᠦ ᠳᠠᠩᠰᠠᠯᠠᠮᠠᠷ ᠡᠳ᠋ ᠪᠣᠳᠠᠰ ᠤ᠋ᠨ ᠥᠭᠭᠦᠯ ᠠᠪᠤᠯ᠂ ᠲᠤᠰᠢᠶᠠᠵᠤ ᠨᠠᠢᠳᠠᠬᠤ ᠵᠦᠢᠯ ᠴᠦ᠍ ᠠᠯᠠᠭ᠎ᠠ᠃
ᠵᠥᠪᠬᠡᠨ ᠡᠨᠡ ᠲᠡᠷᠡ ᠬᠦᠰᠦᠨᠦᠭ ᠭᠦᠢᠴᠡᠳᠬᠡᠯ ᠳ᠋ᠦ᠍ ᠬᠡᠳᠦ ᠤᠳᠠᠭ᠎ᠠ ᠬᠤᠷᠤᠭᠤᠨ ᠣᠷᠣᠮ ᠢ᠋ᠶ᠋ᠠᠨ ᠤᠯᠠᠯᠵᠠᠭᠤᠯᠤᠨ ᠳᠠᠷᠤᠭᠠᠳ ᠦᠯᠡᠳᠡᠭᠡᠬᠦ ᠲᠡᠳᠦᠢ ᠯᠡ ᠶᠦᠮ᠃
ᠪᠣᠯᠤᠷᠴᠠᠭᠠᠨ ᠳᠠᠬᠢᠭᠠᠳ ᠦᠭᠡ ᠳᠤᠤᠭᠠᠷᠬᠤ ᠦᠭᠡᠢ ᠪᠣᠯᠬᠤ ᠳ᠋ᠤ᠌ ᠲᠦᠪᠰᠢᠨ ᠴᠦ᠍ ᠲᠠᠬᠢᠵᠤ ᠯᠠᠪᠯᠠᠬᠤ ᠴᠢᠬᠤᠯᠠ ᠦᠭᠡᠢ ᠭᠡᠮᠡᠨ ᠰᠠᠨᠠᠭᠠᠳ ᠭᠠᠷ ᠭᠦᠢᠴᠡᠳᠬᠡᠯ ᠳᠠᠭᠤᠰᠤᠭᠰᠠᠨ ᠢ᠋ᠶ᠋ᠠᠨ ᠨᠡᠢᠲᠡᠯᠡᠵᠦ᠂ ᠬᠦᠰᠦᠨᠦᠭ ᠡᠨᠡ ᠲᠡᠷᠡ ᠪᠡᠨ ᠳᠡᠷᠭᠡᠳᠡ ᠨᠢ ᠲᠥᠪ ᠵᠣᠭᠰᠣᠨ ᠵᠠᠷᠯᠢᠭ ᠬᠦᠯᠢᠶᠡᠵᠦ ᠪᠠᠢᠭ᠎ᠠ ᠴᠠᠭᠳᠠᠭ᠎ᠠ ᠨᠠᠷ ᠲᠠᠭᠠᠨ ᠲᠤᠰᠢᠶᠠᠪᠠ᠃
ᠳᠠᠮ ᠲᠠᠢ ᠦᠢᠯᠡ ᠳ᠋ᠡᠭᠡᠨ ᠲᠡᠰᠴᠦ ᠴᠠᠭᠠᠷᠠᠪᠠᠯ ᠲᠠᠪᠤᠨ ᠬᠤᠷᠤᠭᠤᠨ ᠳ᠋ᠤᠨᠢ ᠰᠢᠳᠢ ᠣᠷᠣᠰᠢᠳᠠᠭ ᠭᠡᠭᠴᠢ ᠪᠡᠷ ᠲᠤᠬᠠᠢᠯᠠᠭᠰᠠᠨ ᠠᠵᠢᠯ ᠳ᠋ᠠᠭᠠᠨ ᠰᠦᠷᠡᠬᠡᠢ ᠭᠠᠷᠮᠠᠭᠠᠢ ᠴᠠᠭᠳᠠᠭ᠎ᠠ ᠨᠠᠷ ᠠᠷᠠᠢ ᠭᠤᠷᠪᠠᠨ ᠮᠢᠨᠦ᠋ᠲ ᠪᠣᠯᠤᠯ ᠦᠭᠡᠢ ᠪᠡᠷ ᠪᠣᠯᠤᠷᠴᠠᠭᠠᠨ ᠤ᠋ ᠳᠥᠷᠪᠡᠨ ᠲᠠᠯ᠎ᠠ ᠠ᠋ᠴᠠ ᠬᠣᠮᠣᠷᠣᠨ ᠣᠴᠢᠵᠤ ᠢᠰᠬᠦᠯᠦᠨ ᠰᠥᠭᠥᠳᠬᠡᠭᠡᠳ ᠭᠠᠷ ᠬᠥᠯ ᠳ᠋ᠡᠬᠢ ᠭᠢᠨᠵᠢ ᠲᠤᠱᠠᠭ᠎ᠠ ᠶ᠋ᠢ ᠨᠢ ᠰᠤᠯᠠᠯᠠᠨ ᠠᠯᠳᠠᠷᠠᠭᠠᠵᠤ᠂ ᠳᠠᠬᠢᠭᠠᠳ ᠨᠠᠷᠢᠨ ᠪᠥᠬᠡᠯᠢᠭ ᠣᠯᠣᠰᠣᠨ ᠳᠡᠭᠡᠰᠦ ᠪᠡᠷ ᠠᠲᠤᠷᠢᠲᠠᠯ᠎ᠠ ᠠᠷᠤᠭᠴᠢᠯᠠᠨ ᠪᠠᠭᠯᠠᠴᠢᠬᠠᠯᠠ᠃
ᠠᠯᠳᠠᠷᠲᠤ ᠡᠮᠴᠢ ᠪᠣᠯᠤᠷᠴᠠᠭᠠᠨ ᠤ᠋ ᠠᠮᠢ ᠨᠠᠰᠤᠨ ᠤ᠋ ᠡᠴᠦᠰ ᠦ᠋ᠨ ᠴᠠᠭ ᠮᠥᠴᠡ ᠢᠩᠭᠢᠵᠦ ᠯᠡ ᠬᠦᠷᠴᠦ ᠢᠷᠡᠭᠰᠡᠨ ᠪᠠᠢᠵᠠᠢ᠃
ᠡᠬᠡᠨᠡᠷ ᠢ᠋ᠶ᠋ᠡᠨ ᠠᠯᠠᠭᠰᠠᠨ ᠬᠠᠷᠢᠭᠤ ᠲᠥᠯᠥᠪᠦᠷᠢ ᠳ᠋ᠦ᠍ ᠪᠣᠯᠤᠷᠴᠠᠭᠠᠨ ᠣᠷᠴᠢᠯᠠᠩ ᠶᠢᠷᠲᠢᠨᠴᠦ ᠳ᠋ᠦ᠍ ᠭᠤᠴᠢᠨ ᠨᠠᠢ᠍ᠮᠠᠬᠠᠨ ᠵᠢᠯ ᠠᠮᠢᠳᠤᠷᠠᠬᠤ ᠵᠠᠭᠤᠷᠮᠠᠭ ᠬᠤᠪᠢ ᠲᠠᠢ ᠰᠠᠨᠵᠠᠢ᠃
ᠬᠠᠤᠯᠢ ᠭᠡᠭᠴᠢ ᠬᠥᠮᠦᠰ ᠦ᠋ᠨ ᠰᠡᠳᠬᠢᠯ ᠳ᠋ᠡᠬᠢ 《ᠲᠥᠪ ᠭᠣᠣᠯᠴᠢ》 ᠶ᠋ᠢᠨ ᠪᠠᠲᠤᠶᠤᠰᠤ᠃ ᠬᠡᠷᠪᠡ ᠲᠡᠭᠦᠨ ᠦ᠌ ᠲᠥᠪ ᠭᠣᠣᠯᠴᠢ ᠶ᠋ᠢᠨ ᠦᠨ᠎ᠡ ᠥᠷᠲᠡᠭ ᠨᠢ ᠬᠢᠭᠰᠡᠨ ᠬᠡᠷᠡᠭ ᠲᠡᠢ ᠨᠢ ᠲᠣᠬᠢᠷᠠᠭᠰᠠᠨ ᠰᠢᠢᠳᠬᠡᠯ ᠣᠯᠭᠣᠬᠤ ᠳ᠋ᠤ᠌ ᠪᠠᠢᠳᠠᠭ ᠪᠣᠯ ᠨᠡᠩ ᠴᠦ᠍ ᠠᠮᠢ ᠶ᠋ᠢ ᠠᠮᠢ ᠪᠠᠷ ᠨᠢ ᠲᠥᠯᠥᠬᠦ ᠡᠴᠡ ᠢᠯᠡᠭᠦᠦ ᠣᠨᠣᠪᠴᠢᠲᠠᠢ ᠬᠡᠷᠡᠭ ᠡᠨᠡ ᠶᠢᠷᠲᠢᠨᠴᠦ ᠳ᠋ᠦ᠍ ᠥᠭᠡᠷ᠎ᠡ ᠶᠠᠭᠤ ᠪᠠᠢᠬᠤ ᠪᠣᠢ? ᠬᠠᠷᠠᠮᠰᠠᠯᠲᠠᠢ ᠨᠢ ᠪᠣᠯᠤᠷᠴᠠᠭᠠᠨ ᠤ᠋ ᠠᠵᠢᠯ᠂ ᠲᠤᠬᠠᠢᠯᠠᠪᠠᠯ ᠡᠮᠴᠢ ᠭᠡᠳᠡᠭ ᠡᠨᠡ ᠬᠦ᠌ ᠡᠷᠬᠢᠮ ᠨᠡᠷ᠎ᠡ ᠲᠡᠢ ᠨᠢ ᠠᠳᠠᠯᠢᠳᠬᠠᠨ ᠬᠠᠷᠢᠴᠠᠭᠤᠯᠪᠠᠯ ᠬᠤᠪᠢ ᠵᠠᠶᠠᠭ᠎ᠠ ᠲᠡᠭᠦᠨ ᠳ᠋ᠦ᠍ ᠳᠠᠩᠴᠤ ᠭᠣᠣᠯᠴᠢ ᠪᠤᠰᠤ ᠪᠣᠯᠵᠠᠢ᠃
ᠬᠣᠷᠢᠭᠠᠳ ᠵᠢᠯ ᠦ᠋ᠨ ᠲᠤᠷᠰᠢ ᠲᠡᠷᠡ ᠲᠣᠭ᠎ᠠ ᠦᠭᠡᠢ ᠣᠯᠠᠨ ᠪᠠᠴᠢᠮ ᠡᠪᠡᠳᠴᠢᠲᠡᠨ ᠲᠡᠢ ᠤᠴᠠᠷᠠᠨ ᠪᠦᠬᠦ ᠡᠷᠳᠡᠮ ᠴᠢᠳᠠᠪᠤᠷᠢ ᠪᠠᠷ ᠢ᠋ᠶ᠋ᠠᠨ ᠠᠪᠤᠷᠠᠵᠤ ᠡᠮᠴᠢᠯᠡᠳᠡᠭ ᠪᠠᠢᠭᠰᠠᠨ᠃
ᠲᠡᠷᠡᠴᠢᠯᠡᠨ ᠦᠵᠡᠲᠡᠯ᠎ᠡ ᠠᠮᠢ ᠨᠠᠰᠤ ᠪᠠᠨ ᠠᠯᠳᠠᠮᠠᠷ ᠪᠠᠢᠭ᠎ᠠ ᠬᠥᠮᠦᠨ ᠢ᠋ ᠴᠦ᠍ ᠠᠮᠠ ᠬᠡᠯᠡ ᠪᠡᠷ ᠠᠷᠭᠠᠳᠠᠨ ᠵᠣᠷᠢᠭᠵᠢᠭᠤᠯᠵᠤ᠂ ᠬᠤᠳᠠᠯ ᠦᠭᠡ ᠬᠠᠭᠤᠷᠮᠠᠭ ᠠᠭᠠᠰᠢ ᠪᠠᠷ ᠴᠦ᠍ ᠪᠣᠯᠤᠭ᠂ ᠲᠠᠢᠳᠬᠤᠷᠠᠭᠤᠯᠤᠨ ᠲᠣᠬᠣᠨᠢᠭᠤᠯᠵᠤ ᠬᠣᠪᠣᠷ ᠨᠠᠨᠳᠢᠨ ᠠᠮᠢ ᠨᠠᠰᠤ ᠶ᠋ᠢ ᠨᠢ ᠥᠴᠦᠬᠡᠨ ᠴᠦ᠍ ᠪᠣᠯᠤᠭ ᠤᠷᠲᠤᠳᠬᠠᠬᠤ ᠪᠠ ᠰᠡᠳᠬᠢᠯ ᠰᠠᠨᠠᠭ᠎ᠠ ᠶ᠋ᠢ ᠨᠢ ᠪᠠᠶᠠᠷᠯᠠᠭᠤᠯᠵᠤ ᠪᠠᠢᠬᠤ ᠶ᠋ᠢ ᠴᠠᠭᠠᠨ᠎ᠠ ᠠ᠋ᠴᠠ ᠪᠠᠨ ᠬᠦᠰᠡᠳᠡᠭ ᠮᠥᠷᠲᠡᠭᠡᠨ ᠢᠩᠭᠢᠵᠦ ᠴᠦ᠍ ᠬᠢᠭᠰᠡᠭᠡᠷ ᠢᠷᠡᠵᠡᠢ᠃ ᠲᠡᠭᠦᠨ ᠦ᠌ ᠠᠵᠢᠯ ᠤ᠋ᠨ ᠣᠷᠴᠢᠨ ᠲᠣᠭᠣᠷᠢᠨ ᠳ᠋ᠤ᠌ ᠪᠣᠯᠤᠭᠰᠠᠨ᠂ ᠡᠳᠦᠷ ᠲᠡᠭᠡᠨ ᠲᠣᠬᠢᠶᠠᠯᠳᠤᠬᠤ ᠡᠢᠮᠦᠷᠬᠦᠦ ᠬᠤᠳᠠᠯ ᠬᠠᠭᠤᠷᠮᠠᠭ ᠶᠠᠪᠤᠳᠠᠯ ᠤ᠋ᠳ ᠬᠣᠷᠣᠮᠬᠠᠨ ᠵᠠᠭᠤᠷ᠎ᠠ ᠳ᠋ᠤ᠌ ᠬᠠᠷᠢᠨ ᠬᠥᠮᠦᠨᠴᠢ ᠰᠤᠷᠲᠠᠯ᠂ ᠪᠣᠯᠪᠠᠰᠤᠨ ᠵᠦᠢᠯ ᠪᠣᠯᠤᠨ ᠬᠤᠪᠢᠷᠠᠵᠤ᠂ ᠲᠣᠮᠣ ᠰᠢᠬᠦᠷ ᠦ᠋ᠨ ᠳᠣᠣᠷ᠎ᠠ ᠪᠡᠶ᠎ᠡ ᠶ᠋ᠢᠨ ᠰᠡᠭᠦᠳᠡᠷ ᠳᠠᠷᠤᠭᠳᠠᠵᠤ᠂ ᠴᠠᠭᠠᠨ ᠭᠡᠷᠡᠯ ᠦ᠋ᠨ ᠭᠢᠯᠪᠠᠭᠠᠨ ᠳ᠋ᠤ᠌ ᠬᠠᠷ᠎ᠠ ᠲᠣᠯᠪᠣ ᠪᠠᠯᠠᠷᠠᠳᠠᠭ ᠰᠢᠭ᠋ ᠪᠣᠯᠳᠠᠭ ᠪᠢᠯᠡ᠃
ᠪᠣᠯᠤᠷᠴᠠᠭᠠᠨ ᠳᠠᠯᠳᠠ ᠪᠦᠷᠬᠦᠪᠴᠢ ᠲᠡᠢ ᠠᠭᠤᠷ ᠠᠮᠢᠰᠬᠤᠯ᠂ ᠠᠮᠢᠳᠤᠷᠠᠯ ᠤ᠋ᠨ ᠠᠬᠤᠢ ᠳ᠋ᠤ᠌ ᠳᠠᠩᠴᠤ ᠰᠦᠷᠡᠬᠡᠢ ᠲᠡᠰᠴᠦ ᠰᠤᠷᠴᠠᠢ᠃ ᠭᠡᠲᠡᠯ᠎ᠡ ᠬᠠᠤᠯᠢ ᠭᠡᠭᠴᠢ ᠶᠠᠮᠠᠷ ᠴᠦ᠍ ᠬᠠᠭᠤᠷᠮᠠᠭ ᠠᠭᠠᠰᠢ ᠬᠤᠳᠠᠯ ᠠᠷᠭᠠᠳᠠᠯ ᠪᠠᠢᠬᠤ ᠦᠭᠡᠢ ᠪᠡᠷ ᠳᠣᠣᠷ᠎ᠠ ᠨᠢ ᠵᠦᠭ ᠢ᠋ ᠨᠢ ᠵᠢᠭᠠᠵᠤ᠂ ᠴᠠᠭ ᠢ᠋ ᠨᠢ ᠲᠣᠭᠲᠠᠭᠠᠭᠠᠳ ᠴᠢᠪᠴᠢᠷᠲᠡᠯᠡ ᠪᠠᠭᠯᠠᠨ ᠢᠰᠬᠦᠯᠵᠦ ᠰᠥᠭᠥᠳᠬᠡᠭᠡᠳ ᠠᠯᠠᠵᠤ ᠣᠷᠬᠢᠬᠤ ᠪᠣᠯᠤᠨ᠎ᠠ᠃
ᠪᠣᠯᠤᠷᠴᠠᠭᠠᠨ ᠣᠳᠣ ᠶᠠᠭᠤ ᠪᠠᠨ ᠪᠣᠳᠣᠵᠤ᠂ ᠠᠯᠢᠨ ᠢ᠋ᠶ᠋ᠠᠨ ᠬᠠᠷᠢᠴᠠᠭᠤᠯᠬᠤ ᠪᠢᠯᠡ? ᠪᠦᠷ ᠴᠦ᠍ ᠵᠠᠪᠳᠤᠬᠤ ᠦᠭᠡᠢ ᠪᠣᠯᠵᠠᠢ᠃ ᠵᠥᠪᠬᠡᠨ ᠴᠢᠬᠢ ᠨᠢ ᠱᠤᠤᠭᠢᠨ ᠲᠣᠯᠣᠭᠠᠢ ᠨᠢ ᠲᠦᠨᠡᠷᠡᠨᠡ᠃ ᠠᠮᠢ ᠨᠠᠰᠤ ᠭᠡᠭᠴᠢ ᠬᠥᠮᠦᠰ ᠲᠦ᠍ ᠨᠢᠭᠡ ᠯᠡ ᠤᠳᠠᠭ᠎ᠠ ᠣᠯᠳᠠᠳᠠᠭ ᠬᠣᠪᠣᠷ ᠨᠠᠨᠳᠢᠨ ᠵᠦᠢᠯ ᠶᠦᠮ᠃ ᠬᠥᠮᠦᠨ ᠪᠦᠬᠦᠨ ᠡᠭᠡᠭᠡ ᠠᠳᠠᠯᠢᠬᠠᠨ ᠬᠦᠰᠡᠯ ᠡᠷᠡᠮᠡᠯᠵᠡᠯ ᠦᠭᠡᠢ ᠪᠠᠢᠵᠤ ᠮᠡᠳᠡᠨ᠎ᠡ᠃
ᠭᠠᠭᠴᠠ ᠬᠦ᠌ ᠠᠮᠢ ᠨᠠᠰᠤ ᠪᠠᠨ ᠡᠷᠬᠢᠮᠯᠡᠵᠦ ᠠᠮᠢᠳᠤ ᠡᠷᠡᠭᠦᠯ ᠢ᠋ ᠬᠥᠭᠡᠭᠡᠴᠡᠯᠳᠦᠬᠦ ᠨᠢ ᠯᠠᠪᠲᠠᠢ ᠬᠥᠮᠦᠨ ᠪᠦᠭᠦᠳᠡ ᠶ᠋ᠢᠨ ᠬᠠᠮᠲᠤ ᠶ᠋ᠢᠨ ᠡᠷᠡᠮᠡᠯᠵᠡᠯ ᠪᠠᠢᠬᠤ ᠶᠣᠰᠣᠲᠠᠢ ᠶᠤᠮ᠃
ᠶᠠᠭ ᠯᠠ ᠤᠰᠤ ᠦᠷᠭᠦᠯᠵᠢ ᠳᠣᠷᠣᠭᠰᠢ ᠤᠷᠤᠰᠤᠨ᠂ ᠤᠷᠭᠤᠮᠠᠯ ᠵᠠᠪᠠᠯ ᠳᠡᠭᠡᠭᠰᠢ ᠰᠣᠶᠣᠭᠠᠯᠠᠬᠤ ᠰᠢᠭ᠋ ᠮᠥᠩᠬᠡ ᠶ᠋ᠢᠨ ᠵᠤᠷᠰᠢᠯ ᠪᠠᠢᠬ᠎ᠠ᠃ ᠭᠡᠲᠡᠯ᠎ᠡ ᠡᠨᠡ ᠬᠦ᠌ ᠴᠣᠷ ᠤ᠋ᠨ ᠭᠠᠭᠴᠠ ᠬᠦᠰᠡᠯ ᠡᠷᠡᠮᠡᠯᠵᠡᠯ ᠳᠠᠭᠤᠰᠬᠤ ᠶ᠋ᠢᠨ ᠡᠮᠦᠨ᠎ᠡ ᠪᠣᠯᠤᠷᠴᠠᠭᠠᠨ ᠤ᠋ ᠴᠢᠷᠠᠢ ᠠ᠋ᠴᠠ ᠬᠠᠷᠢᠨ ᠶᠠᠮᠠᠷ ᠴᠦ᠍ ᠣᠨᠴᠠᠭᠠᠢ ᠢᠯᠡᠷᠡᠯ ᠬᠠᠷᠠᠭᠳᠠᠬᠤ ᠦᠭᠡᠢ ᠪᠠᠢᠭᠰᠠᠭᠠᠷ᠃ ᠳᠡᠭᠡᠷ᠎ᠡ ᠪᠡᠶ᠎ᠡ ᠨᠢ ᠴᠢᠩᠭ᠎ᠠ ᠪᠡᠬᠡᠯᠢᠭ ᠪᠠᠭᠯᠠᠭᠠᠰᠤ ᠳ᠋ᠤ᠌ ᠪᠠᠷᠢᠭᠳᠠᠨ ᠠᠲᠤᠷᠢᠵᠤ ᠴᠢᠨᠡᠭᠡ ᠪᠡᠷ ᠢ᠋ᠶ᠋ᠡᠨ ᠠᠮᠢᠰᠬᠤᠯᠯᠠᠬᠤ ᠶ᠋ᠢ ᠳᠠᠭᠠᠨ ᠪᠡᠶ᠎ᠡ ᠨᠢ ᠬᠦᠴᠢᠷᠲᠡᠢᠬᠡᠨ ᠴᠡᠴᠡᠷᠬᠢᠯᠡᠨ ᠬᠥᠳᠡᠯᠬᠦ ᠨᠢ ᠨᠢᠭᠡ ᠤᠳᠠᠭ᠎ᠠ ᠴᠦ᠍ ᠪᠣᠯᠤᠭ ᠴᠡᠪᠡᠷ ᠠᠷᠢᠭᠤᠨ ᠠᠭᠤᠷ ᠠᠮᠢᠰᠬᠤᠯ ᠢ᠋ ᠢᠯᠡᠭᠦᠦ ᠬᠦᠷᠲᠡᠬᠦ ᠶ᠋ᠢ ᠬᠦᠰᠡᠮᠵᠢᠯᠡᠵᠦ ᠪᠠᠢᠬᠤ ᠰᠢᠭ᠋ ᠪᠠᠢᠯ᠎ᠠ᠃
ᠲᠡᠷᠡ ᠮᠡᠳᠡᠭᠡ ᠲᠡᠢ ᠮᠡᠳᠡᠭᠡ ᠦᠭᠡᠢ ᠬᠠᠢᠪᠠᠯᠵᠠᠨ ᠲᠦᠯᠬᠢᠭᠳᠡᠭᠰᠡᠭᠡᠷ ᠴᠠᠭᠠᠵᠠ ᠶ᠋ᠢᠨ ᠲᠠᠯᠠᠪᠠᠢ ᠳ᠋ᠤ᠌ ᠬᠦᠷᠭᠡᠬᠦ ᠶᠡᠬᠡ ᠲᠡᠷᠭᠡᠨ ᠳ᠋ᠦ᠍ ᠭᠠᠷᠪᠠ᠃
ᠤᠩᠰᠢᠭᠰᠠᠨ ᠨᠢ᠄ ᠴᠡᠴᠡᠭᠮ᠎ᠠ
