ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠬᠣᠷᠢᠨ ᠳᠣᠯᠣᠭ᠎ᠠ> Хялгасан дөрөөн дээр – Хасвулаг зохиов <27>
ᠬᠢᠯᠭᠠᠰᠤᠨ ᠳᠥᠷᠥᠭᠡᠨ ᠳᠡᠭᠡᠷ᠎ᠡ - <ᠬᠣᠷᠢᠨ ᠳᠣᠯᠣᠭ᠎ᠠ>
ᠰᠢᠭᠦᠬᠦ ᠬᠣᠷᠢᠶᠠᠨ ᠤ᠋ ᠪᠠᠭ᠎ᠠ ᠲᠡᠷᠭᠡ ᠶ᠋ᠢ ᠮᠥᠷᠭᠥᠨ ᠡᠪᠳᠡᠯᠡᠭᠰᠡᠨ ᠬᠡᠷᠡᠭ ᠭᠠᠷᠤᠭᠰᠠᠨ ᠤ᠋ ᠳᠠᠷᠠᠭ᠎ᠠ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠰᠥᠨᠢ ᠲᠤᠵᠢ ᠳᠡᠪᠵᠢᠶᠡᠨ ᠪᠣᠯᠵᠤ ᠦᠦᠷ ᠴᠠᠢᠲᠠᠯ᠎ᠠ ᠦᠢᠮᠡᠯᠳᠦᠭᠰᠡᠨ ᠴᠦ᠍ ᠲᠡᠷᠭᠡ ᠪᠣᠯᠤᠨ ᠵᠢᠯᠣᠭᠣᠴᠢ ᠨᠢ ᠵᠦᠭ ᠴᠢᠭ ᠭᠠᠷᠤᠭᠰᠠᠨ ᠦᠭᠡᠢ᠃
ᠲᠡᠳᠡ ᠶᠡᠬᠡ ᠬᠡᠮᠵᠢᠶᠡᠨ ᠦ᠌ ᠮᠥᠷᠳᠡᠨ ᠪᠠᠢᠴᠠᠭᠠᠯᠲᠠ ᠬᠢᠭᠰᠡᠭᠡᠷ ᠪᠠᠢᠯ᠎ᠠ᠃
ᠮᠠᠷᠭᠠᠰᠢ ᠶ᠋ᠢᠨ ᠬᠢᠨᠢ ᠦᠳᠡ ᠪᠣᠯᠬᠤ ᠶ᠋ᠢᠨ ᠬᠢᠷᠢ ᠳ᠋ᠦ᠍ ᠬᠣᠲᠠ ᠶ᠋ᠢᠨ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠯᠢᠦ ᠸᠧᠨ ᠰᠢᠶᠠᠩ ᠳᠠᠷᠤᠭ᠎ᠠ ᠳ᠋ᠢᠶᠠᠩᠬᠤᠸᠠ ᠢᠷᠡᠭᠦᠯᠵᠦ ᠲᠡᠷᠡ ᠶᠡᠬᠡ ᠲᠡᠷᠭᠡ ᠨᠢᠭᠡᠨᠲᠡ ᠣᠯᠳᠠᠭᠰᠠᠨ ᠢ᠋ ᠲᠦᠪᠰᠢᠨ ᠳ᠋ᠦ᠍ ᠮᠡᠳᠡᠭᠳᠡᠯ᠎ᠡ᠃ ᠡᠨᠡ ᠲᠡᠷᠭᠡ ᠤᠤᠯ ᠨᠢ ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠤ᠋ ᠬᠢ ᠪᠠᠢᠵᠠᠢ᠃ ᠶᠡᠷᠦ ᠨᠢ ᠪᠤᠵᠠᠭᠠᠢ ᠪᠡᠬᠢᠯᠢᠭ ᠡᠳ᠋ ᠪᠠᠢᠭᠰᠠᠨ ᠠ᠋ᠴᠠ ᠪᠠᠭ᠎ᠠ ᠲᠡᠷᠭᠡ ᠶ᠋ᠢ ᠣᠩᠬᠣᠯᠢᠨ ᠬᠥᠷᠪᠡᠲᠡᠯ᠎ᠡ ᠮᠥᠷᠭᠥᠭᠰᠡᠨ ᠴᠦ᠍ ᠪᠡᠶ᠎ᠡ ᠳ᠋ᠦ᠍ᠨᠢ ᠬᠠᠷᠢᠨ ᠢᠯᠡᠷᠬᠡᠢ ᠣᠷᠣ ᠮᠥᠷ ᠭᠡᠮᠡᠷ ᠶᠠᠭᠤᠮ᠎ᠠ ᠦᠯᠡᠳᠡᠭᠰᠡᠨ ᠦᠭᠡᠢ ᠪᠠᠢᠯ᠎ᠠ᠃ ᠪᠠᠢᠴᠠᠭᠠᠭᠴᠢ ᠨᠠᠷ ᠨᠠᠷᠢᠨ ᠪᠠᠢᠴᠠᠭᠠᠭᠠᠳ ᠰᠠᠶᠢ ᠶᠠᠯᠢᠮ ᠦᠭᠡᠢ ᠭᠡᠷᠡᠴᠢ ᠣᠯᠵᠤ ᠠᠪᠴᠠᠢ᠃ ᠡᠯᠳᠡᠪ ᠬᠢᠨᠠᠨ ᠲᠣᠭᠲᠠᠭᠠᠯ ᠢ᠋ᠶ᠋ᠠᠷ ᠳᠠᠮᠵᠢᠨ ᠡᠨᠡ ᠪᠣᠯ ᠳᠠᠷᠤᠢ ᠬᠡᠷᠡᠭ ᠭᠠᠷᠭᠠᠭᠰᠠᠨ ᠲᠡᠷᠭᠡ ᠪᠣᠯᠬᠤ ᠶ᠋ᠢ ᠪᠠᠲᠤᠯᠠᠵᠠᠢ᠃ ᠭᠤᠷᠪᠠᠨ ᠡᠳᠦᠷ ᠦ᠋ᠨ ᠡᠮᠦᠨ᠎ᠡ ᠡᠨᠡ ᠬᠦ᠌ ᠬᠠᠲᠤᠨ ᠭᠣᠣᠯ ᠲᠡᠮᠳᠡᠭᠲᠦ ᠲᠡᠷᠭᠡ ᠪᠡᠷ ᠮᠠᠨᠳᠤᠬᠤ ᠬᠣᠲᠠ ᠠ᠋ᠴᠠ ᠡᠮ ᠲᠠᠲᠠᠵᠤ ᠢᠷᠡᠭᠰᠡᠨ ᠦ᠌ ᠳᠠᠷᠠᠭ᠎ᠠ ᠬᠥᠮᠥᠷᠭᠡ ᠳ᠋ᠦ᠍ᠨᠢ ᠣᠷᠣᠭᠤᠯᠵᠤ ᠲᠠᠯᠪᠢᠭᠠᠳ ᠲᠠᠬᠢᠵᠤ ᠬᠥᠳᠡᠯᠭᠡᠭᠰᠡᠨ ᠦᠭᠡᠢ ᠭᠡᠨ᠎ᠡ᠃ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠤ᠋ ᠪᠠᠢᠴᠠᠭᠠᠭᠴᠢ ᠨᠠᠷ ᠴᠦ᠍ ᠲᠤᠰ ᠲᠡᠷᠭᠡ ᠶ᠋ᠢ ᠮᠥᠨ ᠲᠡᠷᠡ ᠬᠥᠮᠦᠷᠭᠡᠨ ᠡᠴᠡ ᠪᠠᠢᠴᠠᠭᠠᠨ ᠭᠠᠷᠭᠠᠵᠠᠢ᠃ ᠪᠦᠲᠦᠨ ᠡᠳᠦᠷ ᠪᠠᠢᠴᠠᠭᠠᠭᠠᠳ ᠵᠢᠯᠣᠭᠣᠴᠢ ᠶ᠋ᠢᠨ ᠬᠢᠨᠢ ᠲᠤᠬᠠᠢ ᠨᠡᠩ ᠶᠠᠮᠠᠷ ᠴᠦ᠍ ᠰᠤᠷᠠᠭ ᠴᠢᠮᠡᠭᠡ᠂ ᠣᠷᠣ ᠮᠥᠷ ᠭᠠᠷᠭᠠᠵᠤ ᠳᠡᠢᠯᠦᠭᠰᠡᠨ ᠦᠭᠡᠢ᠃ ᠢᠩᠭᠢᠬᠦᠯ᠎ᠡ ᠡᠭᠦᠨ ᠦ᠌ ᠲᠤᠬᠠᠢ ᠤᠯᠠᠮ ᠪᠠᠲᠤᠲᠠᠢ ᠨᠤᠲᠠᠯᠠᠯ ᠲᠣᠳᠣᠷᠬᠠᠢᠯᠠᠯᠲᠠ ᠬᠢᠬᠦ ᠶ᠋ᠢᠨ ᠠᠷᠭ᠎ᠠ ᠦᠭᠡᠢ ᠪᠠᠢᠯ᠎ᠠ᠃ ᠬᠡᠨ ᠴᠦ᠍ ᠭᠡᠳ ᠡᠨᠡ ᠲᠡᠷᠭᠡ ᠪᠤᠰᠤᠳ ᠲᠤ᠌ ᠬᠤᠯᠠᠭᠠᠢᠯᠠᠭᠳᠠᠨ ᠨᠢᠭᠡ ᠣᠷᠣᠢ ᠭᠠᠳᠠᠨ᠎ᠠ ᠭᠦᠶᠦᠭᠰᠡᠨ ᠴᠠᠭᠠᠳᠤᠬᠢ ᠨᠢᠭᠤᠴᠠ ᠶ᠋ᠢ ᠨᠢ ᠪᠠᠲᠤᠲᠠᠢ ᠬᠡᠯᠡᠵᠦ ᠳᠡᠢᠯᠬᠦ ᠦᠭᠡᠢ ᠪᠠᠢᠪᠠ᠃ ᠡᠭᠦᠨ ᠦ᠌ ᠲᠤᠬᠠᠢ ᠡᠯᠳᠡᠪ ᠴᠤᠤᠷᠬᠠᠯ᠂ ᠠᠳᠠᠯᠢ ᠪᠤᠰᠤ ᠦᠵᠡᠯᠲᠡ᠂ ᠶᠠᠷᠢᠶ᠎ᠠ ᠲᠤᠰᠬᠠᠯ ᠡᠨᠳᠡ ᠲᠡᠨᠳᠡ ᠲᠠᠷᠬᠠᠭᠰᠠᠭᠠᠷ᠃
ᠲᠦᠪᠰᠢᠨ ᠡᠳᠡᠭᠡᠷ ᠢ᠋ ᠬᠠᠮᠢᠶᠠᠷᠤᠭᠰᠠᠨ ᠦᠭᠡᠢ᠃ ᠦᠨᠡᠨ ᠢ᠋ ᠬᠡᠯᠡᠬᠦ ᠳ᠋ᠦ᠍ ᠥᠩᠭᠡᠷᠡᠦ ᠬᠠᠮᠢᠶᠠᠷᠴᠤ ᠪᠣᠳᠣᠯᠬᠢᠯᠠᠬᠤ ᠴᠢᠯᠥᠭᠡ ᠵᠠᠪ ᠴᠦ᠍ ᠲᠡᠭᠦᠨ ᠳ᠋ᠦ᠍ ᠪᠠᠢᠭ᠎ᠠ ᠦᠭᠡᠢ᠃
ᠬᠠᠷᠢᠨ ᠶᠠᠮᠠᠷ ᠨᠢᠭᠡᠨ ᠨᠢᠭᠤᠴᠠ ᠬᠦᠴᠦᠨ ᠲᠡᠭᠦᠨ ᠢ᠋ ᠲᠦᠯᠬᠢᠵᠦ ᠰᠢᠬᠠᠮᠳᠠᠭᠤᠯᠤᠨ᠂ ᠪᠣᠯᠤᠷᠴᠠᠭᠠᠨ ᠤ᠋ ᠬᠡᠷᠡᠭ ᠢ᠋ ᠤᠯᠠᠮ ᠲᠦᠷᠭᠡᠨ ᠪᠠᠢᠴᠠᠭᠠᠨ ᠴᠠᠭᠠᠷᠠᠭᠤᠯᠬᠤ ᠶ᠋ᠢ ᠲᠤᠯᠭᠠᠮ ᠱᠠᠭᠠᠷᠳᠠᠵᠤ ᠪᠠᠢᠬᠤ ᠰᠢᠭ᠋ ᠰᠠᠨᠠᠭᠳᠠᠨ᠎ᠠ᠃ ᠲᠢᠩᠬᠢᠮ ᠦ᠋ᠨ ᠳᠠᠷᠤᠭ᠎ᠠ ᠭᠤᠸᠠᠢ ᠲᠡᠷᠭᠡᠨ ᠡᠴᠡ ᠪᠡᠨ ᠵᠣᠯ ᠢ᠋ᠶ᠋ᠠᠷ ᠠᠮᠢᠲᠠᠢ ᠦᠰᠦᠷᠴᠦ ᠪᠠᠭᠤᠭᠰᠠᠨ ᠭᠱᠡᠨ ᠳᠤ ᠪᠠᠨ ᠳᠠᠷᠤᠢ ᠡᠨᠡ ᠲᠡᠷᠭᠡᠨ ᠦ᠌ ᠬᠡᠷᠡᠭ ᠶᠡᠷᠦ ᠪᠤᠰᠤ ᠭᠡᠭᠴᠢ ᠶ᠋ᠢ ᠣᠰᠣᠯ ᠦᠭᠡᠢ ᠪᠠᠷᠤᠭᠯᠠᠵᠠᠢ᠃ ᠲᠡᠭᠡᠭᠡᠳ ᠲᠡᠷᠡ ᠠᠯᠢ ᠪᠦᠬᠦᠢ ᠪᠡᠯᠡᠳᠬᠡᠯ ᠠᠵᠢᠯ ᠲᠣᠬᠢᠷᠠᠭᠤᠯᠭ᠎ᠠ ᠪᠠᠨ ᠬᠢᠵᠦ ᠵᠠᠪᠳᠤᠪᠠ᠃ ᠲᠡᠷᠡ ᠪᠠᠢᠴᠠᠭᠠᠯᠲᠠ ᠪᠠᠨ ᠥᠴᠦᠬᠡᠨ ᠴᠦ᠍ ᠵᠣᠭᠰᠣᠭᠠᠯ ᠦᠭᠡᠢ ᠦᠷᠭᠦᠯᠵᠢᠯᠡᠭᠦᠯᠦᠭᠰᠡᠭᠡᠷ᠁
ᠬᠡᠷᠡᠭ ᠭᠠᠷᠤᠭᠰᠠᠨ ᠤ᠋ ᠮᠠᠷᠭᠠᠰᠢ ᠶ᠋ᠢᠨ ᠬᠢᠨᠢ ᠥᠷᠯᠥᠭᠡ ᠡᠷᠲᠡ ᠰᠢᠭᠦᠬᠦ ᠬᠣᠷᠢᠶᠠᠨ ᠤ᠋ ᠳᠠᠷᠤᠭ᠎ᠠ ᠲᠤᠰᠬᠠᠢᠯᠠᠨ ᠪᠢᠴᠢᠭᠡᠴᠢ ᠬᠥᠬᠡᠲᠤᠯᠢ᠂ ᠵᠢᠯᠣᠭᠣᠴᠢ ᠰᠢᠶᠣᠤ ᠯᠢ ᠬᠣᠶᠠᠭᠤᠯᠠ ᠶ᠋ᠢ ᠠᠯᠪᠠᠨ ᠭᠡᠷ ᠲᠤ ᠪᠠᠨ ᠳᠠᠭᠤᠳᠠᠨ ᠠᠪᠠᠴᠢᠵᠤ᠂ ᠥᠨᠥᠳᠥᠷ ᠡᠴᠡ ᠡᠬᠢᠯᠡᠨ ᠲᠠᠨ ᠤ᠋ ᠬᠣᠶᠠᠷ ᠲᠦᠪᠰᠢᠨ ᠡᠴᠡ ᠥᠴᠦᠬᠡᠨ ᠴᠦ᠍ ᠰᠠᠯᠵᠤ ᠪᠣᠯᠬᠤ ᠦᠭᠡᠢ᠃ ᠡᠮᠦᠨ᠎ᠡ ᠬᠣᠢᠨ᠎ᠠ ᠨᠢ ᠲᠠᠭᠠᠯᠴᠠᠨ ᠪᠠᠢᠴᠠᠭᠠᠯᠲᠠ ᠳ᠋ᠤ᠌ ᠣᠷᠣᠯᠴᠠᠨ ᠠᠮᠤᠷ ᠮᠡᠨᠳᠦ ᠶ᠋ᠢ ᠨᠢ ᠰᠠᠢᠨ ᠬᠠᠮᠠᠭᠠᠯᠠᠬᠤ ᠬᠡᠷᠡᠭᠲᠡᠢ᠃ ᠰᠥᠨᠢ ᠳᠦ ᠪᠡᠨ ᠴᠦ᠍ ᠭᠤᠷᠪᠠᠭᠤᠯᠠ ᠪᠠᠨ ᠰᠢᠭᠦᠬᠦ ᠬᠣᠷᠢᠶᠠᠨ ᠤ᠋ ᠠᠯᠪᠠᠨ ᠭᠡᠷ ᠲᠦ᠍ ᠢᠷᠡᠵᠦ ᠬᠠᠮᠲᠤ ᠬᠣᠨᠣᠬᠤ ᠬᠡᠷᠡᠭᠲᠡᠢ ᠭᠡᠵᠦ ᠲᠠᠰᠤ ᠲᠤᠰᠢᠶᠠᠪᠠ᠃
ᠲᠦᠪᠰᠢᠨ ᠭᠤᠸᠠᠢ ᠬᠣᠷᠢᠶᠠᠨ ᠳᠠᠷᠤᠭ᠎ᠠ ᠶ᠋ᠢᠨ ᠢ᠋ᠶ᠋ᠡᠨ ᠠᠯᠪᠠᠨ ᠭᠡᠷ ᠡᠴᠡ ᠭᠠᠷᠴᠤ ᠢᠷᠡᠮᠡᠭᠴᠡ ᠳᠣᠲᠣᠭᠠᠳᠤ ᠶ᠋ᠢ ᠬᠠᠮᠠᠭᠠᠯᠠᠬᠤ ᠲᠣᠪᠴᠢᠶ᠎ᠠ ᠲᠠᠢ ᠳ᠋ᠢᠶᠠᠩᠬᠤᠸᠠ ᠨᠡᠪᠲᠡᠷᠡᠯᠴᠡᠨ᠂ ᠲᠡᠷᠭᠡ ᠮᠥᠷᠭᠥᠯᠳᠦᠭᠰᠡᠨ ᠰᠥᠨᠢ ᠡᠮᠨᠡᠯᠭᠡ ᠶ᠋ᠢᠨ ᠬᠣᠷᠢᠶᠠᠨ ᠳ᠋ᠤ᠌ ᠲᠣᠬᠢᠷᠠᠭᠤᠯᠤᠭᠰᠠᠨ ᠪᠠᠢᠴᠠᠭᠠᠭᠴᠢ ᠨᠠᠷ ᠢ᠋ ᠳᠠᠭᠤᠳᠠᠪᠠ᠃ ᠤᠳᠠᠭᠰᠠᠨ ᠦᠬᠡᠷ ᠲᠡᠳᠡᠨᠦᠰ ᠴᠤᠭᠯᠠᠷᠠᠨ ᠢᠷᠡᠭᠰᠡᠨ ᠳ᠋ᠦ᠍ ᠲᠦᠪᠰᠢᠨ ᠲᠡᠳᠡᠨ ᠢ᠋ ᠤᠷᠢᠵᠤ ᠰᠠᠭᠤᠯᠭᠠᠭᠠᠳ᠄
— ᠲᠠ ᠨᠠᠷ ᠲᠡᠷᠡ ᠰᠥᠨᠢ ᠶᠠᠮᠠᠷ ᠬᠥᠳᠡᠯᠦᠯ ᠪᠠᠢᠳᠠᠯ ᠢ᠋ ᠣᠯᠵᠤ ᠦᠵᠡᠪᠡ? ᠭᠡᠵᠦ ᠯᠠᠪᠯᠠᠨ ᠠᠰᠠᠭᠤᠪᠠ᠃ ᠲᠡᠳᠡᠨᠦᠰ ᠪᠠᠷᠤᠭ ᠯᠠ ᠨᠢᠭᠡ ᠳᠠᠭᠤ ᠪᠠᠷ᠄
— ᠶᠠᠮᠠᠷ ᠴᠦ᠍ ᠪᠠᠢᠳᠠᠯ ᠮᠡᠳᠡᠭᠳᠡᠭᠰᠡᠨ ᠦᠭᠡᠢ ᠭᠡᠪᠡ᠃
— ᠲᠠ ᠨᠠᠷ ᠬᠡᠳᠦᠨ ᠴᠠᠭ ᠲᠤ᠌ ᠡᠮᠨᠡᠯᠭᠡ ᠶᠢᠨ ᠬᠣᠷᠢᠶᠠᠨ ᠠ᠋ᠴᠠ ᠵᠠᠢᠯᠠᠭᠰᠠᠨ ᠪᠣᠢ?
— ᠡᠦ ᠹᠧᠩ ᠮᠧᠢ ᠶᠢᠨ ᠭᠡᠷ ᠢ᠋ ᠰᠠᠬᠢᠵᠤ ᠪᠠᠢᠭᠰᠠᠨ ᠪᠠᠢᠴᠠᠭᠠᠭᠴᠢ ᠨᠠᠷ ᠰᠥᠨᠢ ᠶ᠋ᠢᠨ ᠬᠣᠶᠠᠷ ᠴᠠᠭ ᠤ᠋ᠨ ᠦᠶ᠎ᠡ ᠪᠡᠷ ᠡᠮᠨᠡᠯᠭᠡ ᠶ᠋ᠢᠨ ᠬᠣᠷᠢᠶ᠎ᠠ ᠪᠠᠷ ᠳᠠᠭᠠᠷᠢᠨ ᠢᠷᠡᠵᠦ᠂ ᠪᠢᠳᠡᠨ ᠢ᠋ ᠪᠤᠴᠠᠵᠤ ᠪᠣᠯᠤᠨ᠎ᠠ ᠭᠡᠰᠡᠨ ᠲᠠᠨ ᠤ᠋ ᠵᠠᠬᠢᠶ᠎ᠠ ᠶ᠋ᠢ ᠳᠠᠮᠵᠢᠭᠤᠯᠤᠭᠰᠠᠨ᠃ ᠪᠢᠳᠡᠨ ᠢ᠋ ᠵᠠᠢᠯᠠᠬᠤ ᠳ᠋ᠤ᠌ ᠪᠠᠷᠤᠭ ᠯᠠ ᠬᠣᠶᠠᠷ ᠴᠠᠭ ᠬᠠᠭᠠᠰ ᠪᠣᠯᠤᠭᠰᠠᠨ ᠪᠠᠢᠬ᠎ᠠ᠃
— ᠮᠠᠷᠭᠠᠰᠢ ᠨᠢ ᠲᠠ ᠨᠠᠷ ᠲᠡᠷᠡ ᠬᠠᠲᠤᠨ ᠭᠣᠣᠯ ᠲᠡᠮᠳᠡᠭᠲᠦ ᠲᠡᠷᠭᠡ ᠶ᠋ᠢ ᠶᠠᠭᠠᠬᠢᠵᠤ ᠣᠯᠵᠤ ᠠᠪᠤᠭᠰᠠᠨ ᠪᠣᠢ?
— ᠪᠢᠳᠡ ᠵᠠᠮ ᠬᠠᠷᠢᠯᠴᠠᠭᠠᠨ ᠤ᠋ ᠴᠠᠭᠳᠠᠭᠠᠨ ᠭᠠᠵᠠᠷ ᠬᠦᠷᠴᠦ ᠪᠦᠬᠦ ᠬᠣᠲᠠ ᠶ᠋ᠢᠨ ᠬᠠᠲᠤᠨ ᠭᠣᠣᠯ ᠲᠡᠮᠳᠡᠭᠲᠦ ᠶᠡᠬᠡ ᠲᠡᠷᠭᠡ ᠶ᠋ᠢ ᠳᠠᠷᠠᠭᠠᠯᠠᠨ ᠪᠠᠢᠴᠠᠭᠠᠭᠰᠠᠨ᠃ ᠬᠡᠳᠦᠨ ᠵᠠᠭᠤᠨ ᠡᠢᠮᠦ ᠲᠡᠷᠭᠡ ᠳᠣᠲᠣᠷ᠎ᠠ ᠠ᠋ᠴᠠ ᠰᠡᠵᠢᠭᠯᠡᠮᠡᠷ ᠲᠡᠷᠭᠡ ᠨᠦ᠍ᠭᠦᠳ ᠢ᠋ ᠤᠷᠢᠳᠴᠢᠯᠠᠨ ᠪᠠᠢᠴᠠᠭᠠᠭᠰᠠᠨ ᠳ᠋ᠤ᠌ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠠ᠋ᠴᠠ ᠲᠡᠷᠡ ᠲᠡᠷᠭᠡ ᠶ᠋ᠢ ᠪᠠᠢᠴᠠᠭᠠᠵᠤ ᠭᠠᠷᠭᠠᠯ᠎ᠠ᠃
— ᠲᠡᠷᠡ ᠲᠡᠷᠭᠡ ᠭᠠᠷᠴᠤ ᠣᠷᠣᠬᠤ ᠳᠤ ᠪᠠᠨ ᠠᠯᠢ ᠡᠭᠦᠳᠡ ᠪᠡᠷ ᠶᠠᠪᠤᠭᠰᠠᠨ ᠪᠣᠢ?
— ᠡᠮᠨᠡᠯᠭᠡ ᠶᠢᠨ ᠬᠣᠷᠢᠶᠠᠨ ᠤ᠋ ᠵᠡᠭᠦᠨ ᠲᠠᠯ᠎ᠠ ᠳ᠋ᠤ᠌ ᠠᠯᠢ ᠬᠡᠳᠦᠢᠨ ᠴᠣᠣᠵᠢᠯᠠᠭᠠᠳ ᠬᠡᠷᠡᠭᠯᠡᠬᠦ ᠪᠡᠨ ᠪᠠᠢᠴᠢᠬᠠᠭᠰᠠᠨ ᠲᠡᠮᠦᠷ ᠬᠠᠭᠠᠯᠭ᠎ᠠ ᠲᠠᠢ ᠡᠭᠦᠳᠡ ᠪᠠᠢᠨ᠎ᠠ᠃ ᠤᠤᠯ ᠨᠢ ᠡᠨᠡ ᠡᠭᠦᠳᠡ ᠶ᠋ᠢ ᠠᠰᠢᠭᠯᠠᠭᠰᠠᠨ ᠪᠠᠢᠵᠠᠢ᠃ ᠡᠢᠮᠦ ᠡᠴᠡ ᠡᠮᠦᠨ᠎ᠡ ᠡᠭᠦᠳᠡᠨ ᠦ᠌ ᠮᠠᠨᠠᠭᠠᠴᠢ ᠨᠠᠷ ᠶᠡᠷᠦ ᠣᠯᠵᠤ ᠮᠡᠳᠡᠭᠰᠡᠨ ᠦᠭᠡᠢ᠃ ᠪᠢᠳᠡ ᠬᠡᠳᠦᠭᠦᠯᠡ ᠴᠦ᠍ ᠬᠣᠶᠠᠷ ᠴᠠᠭ ᠪᠣᠯᠲᠠᠯ᠎ᠠ ᠲᠡᠷᠭᠡᠨ ᠳᠠᠭᠤ ᠣᠯᠵᠤ ᠰᠣᠨᠣᠰᠤᠭᠰᠠᠨ ᠦᠭᠡᠢ᠃
— ᠲᠡᠷᠡ ᠡᠭᠦᠳᠡ ᠡᠮᠨᠡᠯᠭᠡ ᠶ᠋ᠢᠨ ᠬᠣᠷᠢᠶᠠᠨ ᠤ᠋ ᠭᠣᠣᠯ ᠠᠰᠠᠷ ᠠ᠋ᠴᠠ ᠬᠡᠳᠦᠢ ᠵᠠᠢᠲᠠᠢ ᠪᠣᠢ?
— ᠪᠠᠷᠤᠭ ᠳᠥᠷᠪᠡᠨ ᠵᠠᠭᠤ ᠭᠠᠷᠤᠢ ᠮᠧᠲ᠋ᠷ ᠵᠠᠢᠲᠠᠢ᠃
— ᠲᠡᠷᠭᠡᠨ ᠬᠥᠮᠥᠷᠭᠡ ᠨᠢ ᠬᠡᠳᠦᠢ ᠵᠠᠢᠲᠠᠢ ᠪᠣᠢ?
— ᠲᠡᠷᠭᠡᠨ ᠬᠥᠮᠥᠷᠭᠡ ᠨᠢ ᠲᠡᠷᠡ ᠡᠭᠦᠳᠡᠨ ᠡᠴᠡ ᠵᠠᠭᠤᠭᠠᠳ ᠮᠧᠲ᠋ᠷ ᠵᠠᠢᠲᠠᠢ᠃ ᠡᠮᠨᠡᠯᠭᠡ ᠶ᠋ᠢᠨ ᠭᠣᠣᠯ ᠠᠰᠠᠷ ᠠ᠋ᠴᠠ ᠪᠠᠷᠤᠭ ᠭᠤᠷᠪᠠᠨ ᠵᠠᠭᠤᠨ ᠮᠧᠲ᠋ᠷ ᠵᠠᠢᠲᠠᠢ᠃ ᠬᠣᠢᠲᠤ ᠲᠠᠯ᠎ᠠ ᠳ᠋ᠤᠨᠢ ᠪᠣᠢ᠃ ᠲᠡᠷᠡ ᠰᠥᠨᠢ ᠡᠮᠦᠨ᠎ᠡ ᠡᠴᠡ ᠭᠤᠷᠪᠠ ᠳᠥᠷᠪᠡᠨ ᠳᠡᠰ ᠦ᠋ᠨ ᠰᠠᠯᠬᠢᠨ ᠲᠠᠢ ᠪᠠᠢᠭᠰᠠᠨ ᠪᠣᠯᠬᠣᠷ ᠲᠡᠷᠭᠡᠨ ᠳᠠᠭᠤ ᠰᠣᠨᠣᠰᠳᠠᠬᠤ ᠦᠭᠡᠢ ᠪᠣᠯᠤᠯᠴᠠᠭ᠎ᠠ ᠴᠦ᠍ ᠪᠠᠢᠨ᠎ᠠ᠃
— ᠲᠡᠷᠡ ᠲᠡᠷᠭᠡ ᠲᠠ ᠨᠠᠷ ᠢ᠋ ᠪᠤᠴᠠᠭᠰᠠᠨ ᠤ᠋ ᠳᠠᠷᠠᠭ᠎ᠠ ᠢᠷᠡᠭᠰᠡᠨ ᠪᠠᠢᠵᠤ ᠮᠡᠳᠡᠨ᠎ᠡ ᠳᠠ?
— ᠲᠡᠷᠡ ᠬᠠᠷᠢᠨ ᠮᠠᠭᠠᠳ ᠦᠭᠡᠢ᠃
ᠡᠳᠡᠭᠡᠷ ᠪᠠᠢᠴᠠᠭᠠᠭᠴᠢ ᠨᠠᠷ ᠵᠣᠴᠢᠳ ᠤ᠋ᠨ ᠪᠠᠭᠤᠳᠠᠯ ᠠ᠋ᠴᠠ ᠲᠦᠪᠰᠢᠨ ᠦ᠌ ᠢᠷᠡᠭᠦᠯᠦᠭᠰᠡᠨ ᠪᠠᠴᠢᠮ ᠮᠡᠳᠡᠭᠡ ᠶ᠋ᠢ ᠣᠯᠤᠮᠠᠭᠴᠠ ᠠᠷᠠᠢ ᠬᠡᠳᠦᠨ ᠮᠢᠨᠦ᠋ᠲ ᠪᠣᠯᠤᠭᠰᠠᠨ ᠦᠭᠡᠢ ᠪᠡᠷ ᠡᠳᠡᠭᠡᠷ ᠭᠣᠣᠯ ᠭᠣᠣᠯ ᠰᠠᠬᠢᠨ ᠰᠡᠷᠡᠮᠵᠢᠯᠡᠬᠦ ᠭᠠᠵᠠᠷ ᠤ᠋ᠳ ᠲᠤ᠌ ᠬᠦᠷᠴᠦ ᠡᠭᠦᠷᠭᠡ ᠪᠡᠶᠡᠯᠡᠭᠦᠯᠵᠡᠢ᠃ ᠲᠦᠪᠰᠢᠨ ᠡᠳᠡᠨ ᠳ᠋ᠦ᠍ ᠲᠠᠯᠠᠷᠬᠠᠭᠠᠳ ᠬᠦᠷᠭᠡᠵᠦ ᠭᠠᠷᠭᠠᠪᠠ᠃
ᠲᠡᠳᠡᠨ ᠢ᠋ ᠶᠠᠪᠤᠭᠰᠠᠨ ᠤ᠋ ᠳᠠᠷᠠᠭ᠎ᠠ ᠬᠥᠬᠡᠲᠤᠯᠢ ᠲᠦᠪᠰᠢᠨ ᠢ᠋ ᠳᠠᠭᠠᠭᠠᠳ ᠬᠣᠷᠢᠭᠤᠯ ᠤ᠋ᠨ ᠭᠠᠵᠠᠷ ᠤᠷᠤᠭᠤ ᠶᠠᠪᠤᠯ᠎ᠠ᠃
ᠤᠩᠰᠢᠭ᠌ᠰᠠᠨ ᠨᠢ᠄ ᠴᠡᠴᠡᠭᠮ᠎ᠠ
