ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠳᠥᠷᠪᠡ > Хялгасан дөрөөн дээр – Хасвулаг зохиов <14> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠳᠥᠷᠪᠡ > Хялгасан дөрөөн дээр – Хасвулаг зохиов <14>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠳᠥᠷᠪᠡ > Хялгасан дөрөөн дээр – Хасвулаг зохиов <14>

ᠠᠩᠭᠢᠯᠠᠯ:ᠲᠤᠭᠤᠵᠢ ᠷᠣᠮᠠᠨ
2026-01-16

485

ᠬᠢᠯᠭᠠᠰᠤᠨ ᠳᠥᠷᠥᠭᠡᠨ ᠳᠡᠭᠡᠷ᠎ᠡ - < ᠠᠷᠪᠠᠨ ᠳᠥᠷᠪᠡ >


                ᠠᠷᠪᠠᠨ ᠳᠥᠷᠪᠡ  

       ᠳᠠᠷᠠᠭ᠎ᠠ ᠡᠳᠦᠷ ᠨᠢ᠂ ᠲᠦᠪᠰᠢᠨ ᠲᠡᠳᠡ ᠦᠳᠡ ᠶ᠋ᠢᠨ ᠠᠮᠠᠷᠠᠯᠲᠠ ᠪᠠᠨ ᠠᠰᠢᠭᠯᠠᠨ ᠡᠮᠨᠡᠯᠭᠡ ᠶ᠋ᠢᠨ ᠬᠣᠷᠢᠶᠠᠨ ᠤ᠋ ᠡᠮᠴᠢ ᠸᠠᠩ ᠯᠠᠨ ᠬᠤᠸᠠ ᠶ᠋ᠢᠨ ᠳ᠋ᠦ᠍ ᠬᠦᠷᠴᠦ ᠢᠷᠡᠯ᠎ᠡ᠃ ᠡᠭᠦᠳᠡ ᠶ᠋ᠢ ᠨᠢ ᠲᠣᠭᠰᠢᠬᠤ ᠳ᠋ᠤ᠌ ᠤᠳᠠᠭᠰᠠᠨ ᠦᠭᠡᠢ ᠡᠮᠴᠢ ᠶ᠋ᠢᠨ ᠴᠠᠭᠠᠨ ᠮᠠᠯᠠᠭᠠᠢ ᠬᠡᠯᠲᠡᠭᠡᠢ ᠵᠡᠭᠦᠭᠰᠡᠨ ᠳᠥᠴᠢᠭᠡᠳ ᠨᠠᠰᠤᠨ ᠤ᠋ ᠨᠢᠭᠡᠨ ᠡᠮᠡᠭᠲᠡᠢ ᠤᠭᠲᠤᠨ ᠭᠠᠷᠴᠤ ᠢᠷᠡᠯ᠎ᠡ᠃  ᠡᠭᠦᠳᠡᠨ ᠭᠠᠳᠠᠨ᠎ᠠ ᠨᠢ ᠦᠯᠦ ᠲᠠᠨᠢᠬᠤ ᠬᠥᠮᠦᠰ ᠪᠠᠢᠬᠤ ᠶ᠋ᠢ ᠦᠵᠡᠭᠡᠳ ᠲᠡᠷᠡ ᠰᠣᠴᠢᠰᠬᠢᠨ ᠡᠭᠦᠳᠡ ᠪᠡᠨ ᠳᠠᠬᠢᠭᠠᠳ ᠬᠠᠭᠠᠬᠤ ᠠ᠋ᠴᠠ ᠡᠪ ᠦᠭᠡᠢᠳᠡᠬᠦ ᠳ᠋ᠡᠭᠡᠨ ᠠᠷᠭ᠎ᠠ ᠪᠠᠨ ᠪᠠᠷᠠᠨ ᠶᠠᠭᠤ ᠬᠡᠯᠡᠬᠦ ᠪᠡᠨ ᠣᠯᠵᠤ ᠶᠠᠳᠠᠵᠤ ᠵᠣᠭᠰᠣᠰᠬᠢᠭᠰᠡᠨ ᠢ᠋ᠶ᠋ᠡᠨ᠄ 
       — ᠲᠠ ᠨᠠᠷ ᠬᠡᠨ ᠢ᠋ ᠡᠷᠢᠵᠦ ᠪᠠᠢᠨ᠎ᠠ ᠭᠡᠯ᠎ᠡ᠃ 
       — ᠪᠢᠳᠡ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠤ᠋ ᠸᠠᠩ ᠯᠠᠨ ᠬᠤᠸᠠ ᠨᠥᠬᠥᠷ ᠲᠡᠢ ᠠᠭᠤᠯᠵᠠᠬᠤ ᠰᠠᠨᠠᠭ᠎ᠠ ᠲᠠᠢ᠃ 
       — ᠲᠠᠨᠤᠰ ᠬᠠᠮᠢᠭᠠᠬᠢ ᠶ᠋ᠢᠨ᠁ 
       — ᠪᠢᠳᠡ ᠪᠣᠯ ᠬᠣᠲᠠ ᠶ᠋ᠢᠨ ᠰᠢᠭᠦᠬᠦ ᠬᠣᠷᠢᠶᠠᠨ ᠤ᠋ ᠬᠢ᠃ 
       — ᠵᠠ ᠲᠡᠭᠡᠪᠡᠯ ᠭᠡᠷ ᠲᠦ᠍ ᠣᠷᠣ᠃ 
       ᠡᠨᠡ ᠡᠬᠡᠨᠡᠷ ᠡᠳᠡᠨ ᠢ᠋ ᠢᠩᠭᠢᠵᠦ ᠭᠡᠷ ᠲᠤ ᠪᠠᠨ ᠤᠷᠢᠵᠤ ᠣᠷᠣᠭᠤᠯᠤᠭᠠᠳ ᠥᠪᠡᠷ ᠢ᠋ᠶ᠋ᠡᠨ ᠡᠭᠦᠳᠡᠨ ᠦ᠌ ᠬᠠᠵᠠᠭᠤᠳᠠᠬᠢ ᠰᠠᠨᠳᠠᠯᠢ ᠳᠡᠭᠡᠷ᠎ᠡ ᠰᠠᠭᠤᠮᠠᠭᠴᠠ᠄
       — ᠮᠠᠨ ᠤ᠋ ᠡᠭᠦᠳᠡ ᠪᠡᠷ ᠵᠠᠰᠠᠭ ᠬᠠᠤᠯᠢ ᠶ᠋ᠢᠨ ᠺᠠᠳ᠋ᠷᠴᠤᠳ ᠠᠯᠪᠠᠨ ᠤᠴᠢᠷ ᠢ᠋ᠶ᠋ᠠᠷ ᠪᠠᠷᠤᠭ ᠢᠷᠡᠳᠡᠭ ᠦᠭᠡᠢ᠃ ᠪᠣᠳᠣᠬᠤ ᠳ᠋ᠤ᠌ ᠲᠠ ᠨᠠᠷ ᠥᠨᠥᠳᠥᠷ ᠡᠳᠦᠢ ᠲᠡᠳᠦᠢ ᠤᠴᠢᠷ ᠲᠠᠢ ᠢᠷᠡᠭᠰᠡᠨ ᠪᠢᠵᠡ ᠭᠡᠪᠡ᠃ 
       — ᠲᠡᠢᠮᠦ ᠠ᠋᠂ ᠬᠡᠳᠦᠨ ᠰᠠᠷ᠎ᠠ ᠶ᠋ᠢᠨ ᠡᠮᠦᠨ᠎ᠡ ᠬᠣᠣᠷᠯᠠᠭᠳᠠᠭᠰᠠᠨ ᠦᠵᠡᠰᠬᠦᠯᠡᠩ ᠦ᠋ᠨ ᠪᠠᠢᠳᠠᠯ ᠢ᠋ ᠲᠠᠨ ᠠ᠋ᠴᠠ ᠪᠠᠭ᠎ᠠ ᠰᠠᠭ᠎ᠠ ᠣᠢᠯᠠᠭᠠᠬᠤ ᠰᠠᠨᠠᠭ᠎ᠠ ᠲᠠᠢ ᠢᠷᠡᠯ᠎ᠡ᠃ 
       — ᠠ᠋᠂ ᠦᠵᠡᠰᠬᠦᠯᠡᠩ! ᠭᠡᠳ ᠲᠡᠭᠦᠨ ᠦ᠌ ᠴᠢᠷᠠᠢ ᠳᠣᠣᠷ᠎ᠠ ᠨᠢ ᠨᠡᠯᠢᠶᠡᠳ ᠬᠤᠪᠢᠷᠠᠭᠰᠠᠨ ᠪᠣᠯᠪᠠᠴᠤ ᠦᠭᠡ ᠪᠡᠨ ᠵᠠᠯᠭᠠᠨ᠄ 
       — ᠲᠠ ᠨᠠᠷ ᠴᠣᠬᠣᠮ ᠠᠯᠢ ᠲᠠᠯ᠎ᠠ ᠪᠠᠷ ᠣᠢᠯᠠᠭᠠᠬᠤ ᠰᠠᠨᠠᠭ᠎ᠠ ᠲᠠᠢ ᠪᠣᠯ? ᠪᠢ ᠮᠡᠳᠡᠬᠦ ᠪᠡᠨ ᠪᠣᠯ ᠶᠡᠷᠦ ᠨᠢᠭᠤᠵᠤ ᠳᠠᠯᠳᠠᠯᠠᠬᠤ ᠦᠭᠡᠢ ᠶᠦᠮ᠃ ᠶᠠᠭ ᠮᠡᠳᠡᠬᠦ ᠦᠭᠡᠢ ᠪᠣᠯ ᠶᠠᠭᠠᠬᠢᠨ᠎ᠠ ᠳᠠ᠃ ᠲᠠᠨᠠᠷ ᠤ᠋ᠨ ᠱᠠᠭᠠᠷᠳᠠᠯᠭ᠎ᠠ ᠶ᠋ᠢ ᠪᠡᠶᠡᠯᠡᠭᠦᠯᠵᠦ ᠳᠡᠢᠯᠬᠦ ᠦᠭᠡᠢ ᠯᠡ ᠪᠣᠯᠤᠨ᠎ᠠ᠃ 
       — ᠬᠠᠮᠢᠶ᠎ᠠ ᠦᠭᠡᠢ᠂ ᠪᠢᠳᠡ ᠳᠤᠷ᠎ᠠ ᠪᠠᠷ ᠢ᠋ᠶ᠋ᠠᠨ ᠰᠤᠯᠠ ᠶᠠᠷᠢᠯᠴᠠᠶ᠎ᠠ᠃ 
       — ᠲᠠ ᠨᠠᠷ ᠪᠣᠯᠣᠷᠴᠠᠭᠠᠨ ᠢ᠋ ᠠᠯᠠᠬᠤ ᠶ᠋ᠢ ᠬᠣᠢᠰᠢᠯᠠᠭᠤᠯᠤᠭᠰᠠᠨ ᠭᠡᠨ᠎ᠡ ᠤᠤ? ᠲᠡᠭᠡᠵᠦ ᠭᠡᠭᠡᠨ ᠴᠠᠭᠠᠨ ᠡᠳᠦᠷ᠂ ᠭᠡᠷᠡᠯᠲᠦ ᠨᠠᠷᠠᠨ ᠤ᠋ ᠳᠣᠣᠷ᠎ᠠ ᠡᠬᠡᠨᠡᠷ ᠲᠡᠭᠡᠨ ᠬᠣᠣᠷᠲᠤ ᠡᠮ ᠬᠡᠷᠡᠭᠯᠡᠵᠦ ᠠᠯᠠᠭᠰᠠᠨ ᠰᠠᠨᠠᠭᠠᠴᠢᠯᠠᠭᠠᠲᠤ ᠶᠠᠯᠠᠲᠠᠨ ᠪᠠᠰᠠ ᠠᠭᠤᠴᠢᠯᠠᠭᠳᠠᠬᠤ ᠭᠡᠵᠢ ᠤᠤ? 
       — ᠦᠭᠡᠢ᠂ ᠲᠡᠢᠮᠦ ᠪᠢᠰᠢ᠂ ᠲᠡᠭᠦᠨ ᠦ᠌ ᠶᠠᠯᠠᠲᠤ ᠠᠵᠢᠯᠯᠠᠭ᠎ᠠ ᠳᠡᠭᠡᠷ᠎ᠡ ᠡᠳᠦᠢ ᠲᠡᠳᠦᠢ ᠲᠣᠳᠣᠷᠬᠠᠢ ᠪᠤᠰᠤ ᠵᠦᠢᠯ ᠪᠠᠢᠨ᠎ᠠ᠃ ᠡᠳᠦᠭᠡ ᠲᠠᠨᠠᠷ ᠠ᠋ᠴᠠ ᠠᠰᠠᠭᠤᠵᠤ ᠰᠤᠷᠠᠵᠤ ᠪᠠᠢᠬᠤ ᠨᠢ ᠦᠵᠡᠰᠬᠦᠯᠡᠩ ᠦ᠋ᠨ ᠬᠣᠣᠷᠯᠠᠭᠳᠠᠭᠰᠠᠨ ᠦᠨᠡᠨ ᠰᠢᠯᠲᠠᠭᠠᠨ ᠢ᠋ ᠨᠢ ᠤᠯᠠᠮ ᠨᠢᠭᠡ ᠠᠯᠬᠤᠮ ᠪᠦᠬᠦ ᠲᠠᠯ᠎ᠠ ᠪᠠᠷ ᠲᠣᠳᠣᠷᠬᠠᠢ ᠣᠢᠯᠠᠭᠠᠵᠤ ᠪᠠᠢᠬᠤ ᠶᠠᠪᠤᠳᠠᠯ ᠶᠤᠮ᠃ ᠰᠣᠨᠣᠰᠬᠤ ᠳ᠋ᠤ᠌ ᠲᠠ ᠪᠣᠯ ᠦᠵᠡᠰᠬᠦᠯᠡᠩ ᠦ᠋ᠨ ᠤᠳᠠᠭᠠᠨ ᠵᠢᠯ ᠦ᠋ᠨ ᠰᠠᠢᠨ ᠨᠠᠢᠵᠠ ᠭᠡᠨ᠎ᠡ᠃ ᠲᠠ ᠪᠢᠳᠡᠨ ᠳ᠋ᠦ᠍ ᠲᠡᠭᠦᠨ ᠦ᠌ ᠡᠩ ᠦ᠋ᠨ ᠦᠶ᠎ᠡ ᠶ᠋ᠢᠨ ᠵᠠᠩ ᠪᠠᠢᠳᠠᠯ᠂ ᠵᠢᠴᠢ ᠲᠡᠭᠦᠨ ᠦ᠌ ᠠᠮᠢᠳᠤᠷᠠᠯ ᠤ᠋ᠨ ᠳᠤᠮᠳᠠ ᠲᠣᠬᠢᠶᠠᠯᠳᠤᠭᠰᠠᠨ ᠣᠨᠴᠠᠭᠠᠢ ᠤᠴᠢᠷ ᠤ᠋ᠳ ᠠ᠋ᠴᠠ ᠮᠡᠳᠡᠬᠦ ᠪᠡᠨ ᠶᠠᠷᠢᠭᠠᠳ ᠥᠭᠭᠦᠨ᠎ᠡ ᠤᠤ? 
       ᠸᠠᠩ ᠯᠠᠨ ᠬᠤᠸᠠ ᠪᠠᠬᠠᠨ ᠪᠣᠳᠣᠯᠬᠢᠯᠠᠭᠠᠳ᠄ 
       — ᠦᠵᠡᠰᠬᠦᠯᠡᠩ ᠪᠣᠯ ᠮᠡᠷᠭᠡᠵᠢᠯ ᠢ᠋ᠶ᠋ᠡᠷ ᠮᠠᠰᠢ ᠥᠨᠳᠥᠷ ᠡᠮᠴᠢ ᠶᠦᠮ᠃ ᠭᠠᠭᠴᠠ ᠵᠠᠩ ᠨᠢ ᠪᠣᠯ ᠳᠤᠭᠤᠢ ᠨᠣᠮᠣᠬᠠᠨ᠂ ᠵᠥᠷᠢᠭᠦᠳ ᠵᠣᠵᠢᠭ ᠰᠢᠭ᠋ ᠪᠠᠢᠳᠠᠭ᠃ ᠬᠥᠮᠦᠨ ᠪᠣᠯᠭᠠᠨ ᠲᠠᠢ ᠲᠡᠭᠡᠵᠦ ᠰᠠᠢᠨ ᠨᠠᠭᠠᠯᠳᠤᠵᠤ ᠨᠡᠢᠯᠡᠬᠦ ᠦᠭᠡᠢ᠂ ᠨᠡᠩ ᠴᠤ᠌ ᠢᠨᠢᠶᠡᠵᠦ ᠬᠥᠭᠡᠷᠬᠦ ᠨᠢ ᠳᠡᠮᠡᠢ ᠬᠠᠷᠠᠭᠳᠠᠬᠤ ᠦᠭᠡᠢ ᠪᠠᠢᠳᠠᠭ᠃ ᠭᠡᠲᠡᠯ᠎ᠡ ᠶᠠᠮᠠᠷ ᠨᠢᠭᠡᠨ ᠵᠦᠢᠯ ᠦ᠋ᠨ ᠵᠣᠷᠢᠯᠭ᠎ᠠ ᠳ᠋ᠠᠭᠠᠨ ᠬᠦᠷᠬᠦ ᠭᠡᠪᠡᠯ ᠡᠩ ᠦ᠋ᠨ ᠡᠷᠡᠭᠲᠡᠢᠴᠦᠳ ᠡᠴᠡ ᠴᠤ᠌ ᠳᠡᠭᠡᠷᠡᠳᠡᠬᠦ ᠪᠣᠢ᠃ ᠲᠡᠷᠡ ᠬᠡᠷᠪᠡ ᠶᠠᠮᠠᠷ ᠨᠢᠭᠡᠨ ᠬᠥᠮᠦᠨ ᠳ᠋ᠦ᠍ ᠶᠠᠮᠠᠷ ᠨᠢᠭᠡ ᠤᠴᠢᠷ ᠢ᠋ ᠪᠡᠶᠡᠯᠡᠭᠦᠯᠵᠦ ᠥᠭᠬᠦ ᠪᠡᠷ ᠵᠥᠪᠰᠢᠶᠡᠷᠡᠪᠡᠯ ᠰᠠᠨᠠᠭ᠎ᠠ ᠠᠮᠤᠷ ᠪᠠᠢ᠂ ᠯᠠᠪᠲᠠᠢ ᠴᠢᠮ᠎ᠠ ᠳ᠋ᠤ᠌ ᠪᠦᠲᠦᠭᠡᠵᠦ ᠥᠭᠬᠦ ᠶᠦᠮ᠃ ᠬᠡᠷᠪᠡ ᠲᠡᠷᠡ ᠳᠤᠷ᠎ᠠ ᠦᠭᠡᠢ ᠪᠣᠯ ᠨᠠᠭᠠᠳᠤ ᠵᠠᠬ᠎ᠠ ᠳᠤ ᠪᠠᠨ ᠴᠢᠮ᠎ᠠ ᠳ᠋ᠤ᠌ ᠦᠭᠡ ᠴᠤ᠌ ᠳᠤᠤᠭᠠᠷᠬᠤ ᠦᠭᠡᠢ ᠪᠠᠢᠵᠤ ᠮᠡᠳᠡᠬᠦ ᠶᠦᠮ᠃ ᠡᠳᠡᠭᠡᠷ ᠵᠠᠩ ᠢ᠋ ᠨᠢ ᠪᠢ ᠮᠠᠰᠢ ᠬᠦᠨᠳᠦᠳᠬᠡᠨ ᠪᠢᠰᠢᠷᠡᠵᠦ ᠬᠠᠮᠤᠭ ᠠ᠋ᠴᠠ ᠢᠯᠡᠭᠦᠦ ᠪᠠᠬᠠᠷᠬᠠᠳᠠᠭ ᠲᠤ ᠪᠠᠨ ᠰᠠᠢᠨ ᠨᠠᠢᠵᠠ ᠪᠣᠯᠤᠯᠴᠠᠭᠰᠠᠨ ᠶᠤᠮ᠃ ᠪᠠᠰᠠ ᠬᠡᠯᠡᠪᠡᠯ ᠲᠡᠷᠡ ᠪᠣᠯ ᠳᠣᠲᠣᠭᠠᠳᠤ ᠰᠡᠳᠬᠢᠯ ᠢ᠋ᠶ᠋ᠡᠨ ᠠᠢᠬᠤᠪᠲᠤᠷ ᠳᠠᠷᠤᠵᠤ ᠴᠢᠳᠠᠳᠠᠭ ᠠᠮᠢᠲᠠᠨ ᠰᠢᠦ᠃ 
       — ᠰᠣᠨᠣᠰᠬᠤ ᠳ᠋ᠤ᠌ ᠲᠡᠭᠦᠨ ᠦ᠌ ᠴᠠᠯᠢᠩ ᠢ᠋ ᠶᠡᠬᠡ ᠤᠳᠠᠭᠠᠨ ᠬᠤᠭᠤᠴᠠᠭ᠎ᠠ ᠥᠰᠬᠡᠵᠦ ᠥᠭᠭᠦᠭᠰᠡᠨ ᠦᠭᠡᠢ ᠭᠡᠨ᠎ᠡ᠃ ᠴᠣᠬᠣᠮ ᠶᠠᠮᠠᠷ ᠰᠢᠯᠲᠠᠭᠠᠨ ᠠ᠋ᠴᠠ ᠪᠣᠯᠤᠭᠰᠠᠨ ᠪᠣᠯ? 
       — ᠮᠢᠨᠦ ᠪᠣᠳᠣᠬᠤ ᠪᠠᠷ ᠲᠡᠭᠦᠨ ᠦ᠌ ᠵᠥᠷᠢᠭᠦᠳ ᠵᠠᠩ ᠠ᠋ᠴᠠ ᠪᠣᠯᠤᠭᠰᠠᠨ ᠪᠠᠢᠵᠤ ᠮᠡᠳᠡᠨ᠎ᠡ᠃ 
       — ᠦᠵᠡᠰᠬᠦᠯᠡᠩ ᠢ᠋ ᠲᠠᠨ ᠤ᠋ ᠬᠣᠷᠢᠶᠠᠨ ᠤ᠋ ᠵᠠᠷᠢᠮ ᠤᠳᠤᠷᠢᠳᠤᠯᠭ᠎ᠠ ᠲᠠᠢ ᠡᠢᠮᠦ ᠲᠡᠢᠮᠦ ᠣᠨᠴᠠᠭᠠᠢ ᠬᠠᠷᠢᠴᠠᠭ᠎ᠠ ᠲᠠᠢ ᠪᠤᠶᠤ ᠵᠥᠷᠢᠴᠡᠯ ᠲᠡᠢ ᠭᠡᠵᠦ ᠰᠣᠨᠣᠰᠤᠭᠰᠠᠨ᠃ ᠡᠨᠡ ᠨᠢ ᠦᠨᠡᠨ ᠪᠣᠯ ᠴᠣᠬᠣᠮ ᠶᠠᠮᠠᠷ ᠰᠢᠯᠲᠠᠭᠠᠨ ᠠ᠋ᠴᠠ ᠪᠣᠯᠤᠭᠰᠠᠨ ᠪᠣᠢ? 
       — ᠬᠥᠮᠦᠰ ᠢᠩᠭᠢᠵᠦ ᠬᠡᠯᠡᠯᠴᠡᠳᠡᠭ ᠪᠣᠯᠪᠠᠴᠤ ᠦᠨᠡᠨ ᠨᠢᠭᠡ ᠬᠣᠶᠠᠷ ᠭᠡᠳ ᠵᠢᠱ᠌ᠢᠶ᠎ᠡ ᠲᠠᠢ ᠬᠡᠯᠡᠶ᠎ᠡ ᠭᠡᠪᠡᠯ ᠶᠡᠷᠦ ᠬᠡᠯᠡᠬᠦ ᠶᠠᠭᠤᠮ᠎ᠠ ᠣᠯᠳᠠᠬᠤ ᠦᠭᠡᠢ ᠰᠢᠭ ᠪᠠᠢᠳᠠᠭ᠃ ᠭᠡᠲᠡᠯ᠎ᠡ᠁ ᠭᠡᠳ ᠳᠣᠷᠣᠭᠰᠢ ᠬᠠᠷᠠᠨ ᠴᠢᠷᠠᠢ ᠨᠢ ᠠᠢᠬᠤᠪᠲᠤᠷ ᠬᠤᠪᠢᠷᠠᠨ ᠦᠭᠡ ᠪᠡᠨ ᠲᠠᠰᠤᠯᠳᠠᠭᠤᠯᠪᠠ᠃ 
       — ᠰᠣᠨᠣᠰᠬᠤ ᠳ᠋ᠤ᠌ ᠲᠡᠷᠡ ᠥᠪᠡᠷ ᠦ᠋ᠨ ᠪᠣᠳᠣᠭᠰᠠᠨ ᠰᠠᠨᠠᠭᠰᠠᠨ ᠢ᠋ᠶ᠋ᠠᠨ ᠭᠠᠭᠴᠠ ᠲᠠᠨ ᠳ᠋ᠤ᠌ ᠯᠠ ᠬᠡᠯᠡᠳᠡᠭ ᠭᠡᠨ᠎ᠡ᠃ ᠡᠢᠮᠦ ᠪᠠᠢᠳᠠᠭ ᠪᠣᠯ ᠲᠠ ᠪᠢᠳᠡᠨ ᠳ᠋ᠦ᠍ ᠵᠢᠭᠠᠬᠠᠨ ᠪᠣᠳᠠᠲᠠᠢ ᠬᠡᠯᠡᠭᠡᠳ ᠥᠭᠭᠦᠨ᠎ᠡ ᠤᠤ? 
       — ᠠᠢ᠂ ᠶᠠᠭᠤ ᠭᠡᠵᠦ ᠬᠡᠯᠡᠨ᠎ᠡ ᠳᠡ᠂ ᠦᠨᠡᠨ ᠳᠦ ᠪᠡᠨ ᠪᠢᠳᠡ ᠬᠣᠶᠠᠭᠤᠯᠠ ᠦᠨᠡᠬᠡᠷ ᠰᠠᠢᠨ ᠨᠠᠢᠵᠠ ᠪᠠᠢᠭᠰᠠᠨ᠃ ᠣᠳᠣ ᠪᠣᠳᠣᠬᠤᠯ᠎ᠠ ᠪᠢ ᠲᠡᠭᠦᠨ ᠳ᠋ᠦ᠍ ᠠᠷᠪᠢᠨ ᠭᠠᠵᠠᠷ ᠪᠤᠷᠤᠭᠤᠳᠠᠭᠰᠠᠨ ᠰᠢᠭ᠋ ᠰᠠᠨᠠᠭᠳᠠᠭᠠᠳ ᠪᠠᠢᠬᠤ ᠶᠤᠮ᠃ 
       — ᠡᠭᠦᠨ ᠢ᠋ ᠶᠠᠭᠠᠬᠢᠵᠤ ᠲᠠᠢᠯᠪᠤᠷᠢᠯᠠᠨ᠎ᠠ ᠪᠣᠢ? 
       — ᠪᠢ ᠦᠵᠡᠰᠬᠦᠯᠡᠩ ᠲᠡᠢ ᠰᠠᠢᠨ ᠨᠠᠢᠵᠠ ᠪᠣᠯᠪᠠᠴᠤ ᠲᠡᠭᠦᠨ ᠦ᠌ ᠵᠠᠷᠢᠮ ᠲᠠᠯ᠎ᠠ ᠶ᠋ᠢ ᠨᠢ ᠭᠦᠢᠴᠡᠳ ᠣᠢᠯᠠᠭᠠᠵᠤ ᠵᠠᠪᠳᠤᠭᠰᠠᠨ ᠦᠭᠡᠢ᠂ ᠵᠠᠷᠢᠮ ᠲᠠᠯ᠎ᠠ ᠪᠠᠷ ᠳᠡᠮᠵᠢᠵᠦ ᠪᠣᠯᠬᠤ ᠪᠠᠢᠭᠰᠠᠨ ᠴᠤ᠌ ᠣᠰᠣᠯᠳᠠᠭᠰᠠᠨ ᠪᠠᠢᠵᠤ ᠮᠡᠳᠡᠨ᠎ᠡ᠃ 
       — ᠲᠠ ᠡᠭᠦᠨ ᠢ᠋ᠶ᠋ᠡᠨ ᠪᠢᠳᠡᠨ ᠳ᠋ᠦ᠍ ᠪᠣᠳᠠᠲᠠᠢ ᠰᠢᠭ᠋ ᠶᠠᠷᠢᠪᠠᠯ ᠨᠡᠩ ᠰᠠᠢᠨ ᠪᠠᠢᠨ᠎ᠠ᠃ ᠢᠩᠭᠢᠪᠡᠯ ᠪᠢᠳᠡᠨ ᠳ᠋ᠦ᠍ ᠶᠡᠬᠡ ᠲᠤᠰᠠ ᠪᠣᠯᠬᠤ ᠶᠤᠮ᠃ 
       — ᠬᠡᠷᠪᠡ ᠲᠤᠰᠠ ᠲᠠᠢ ᠪᠣᠯ ᠪᠢ ᠳᠤᠷ᠎ᠠ ᠪᠠᠷ ᠢ᠋ᠶ᠋ᠠᠨ ᠶᠠᠷᠢᠶ᠎ᠠ᠃ ᠦᠭᠡᠢ ᠪᠣᠯ ᠪᠢ ᠡᠨᠡ ᠬᠠᠭᠠᠰ ᠵᠢᠯ ᠦ᠋ᠨ ᠲᠤᠷᠰᠢ ᠦᠵᠡᠰᠬᠦᠯᠡᠩ ᠦ᠋ᠨ ᠲᠤᠬᠠᠢ ᠪᠤᠰᠤᠳ ᠲᠠᠢ ᠶᠠᠷᠢᠯᠴᠠᠬᠤ ᠠ᠋ᠴᠠ ᠪᠠᠨ ᠬᠠᠯᠠᠰᠢᠷᠠᠬᠤ ᠪᠣᠯᠤᠭᠰᠠᠨ ᠶᠤᠮ᠃ ᠭᠡᠲᠡᠯ᠎ᠡ ᠦᠭᠡ ᠶ᠋ᠢᠨ ᠤᠷᠢᠲᠠᠢ ᠨᠢ ᠰᠠᠢᠨ ᠭᠡᠭᠴᠢ ᠪᠡᠷ ᠮᠢᠨᠦ ᠬᠡᠯᠡᠭᠰᠡᠨ ᠢ᠋ ᠲᠠᠨᠠᠷ ᠵᠥᠪᠬᠡᠨ ᠬᠢᠨᠠᠯᠲᠠ ᠪᠣᠯᠭᠠᠵᠤ ᠪᠣᠯᠤᠨ᠎ᠠ᠃ ᠬᠠᠷᠢᠨ ᠭᠡᠷᠡᠴᠢ ᠪᠠᠷᠢᠮᠲᠠ ᠪᠣᠯᠭᠠᠬᠤ ᠭᠡᠪᠡᠯ ᠪᠢ ᠥᠪᠡᠷ ᠢ᠋ᠶ᠋ᠡᠨ ᠴᠤ᠌ ᠬᠣᠵᠢᠮ ᠬᠡᠯᠡᠭᠰᠡᠨ ᠦᠭᠡᠨ ᠳᠦ ᠪᠡᠨ ᠡᠵᠡᠨ ᠰᠠᠭᠤᠬᠤ ᠦᠭᠡᠢ ᠪᠠᠢᠵᠤ ᠴᠤ᠌ ᠮᠡᠳᠡᠨ᠎ᠡ᠃ 
       — ᠲᠡᠷᠡ ᠬᠠᠮᠢᠶ᠎ᠠ ᠦᠭᠡᠢ᠂ ᠲᠠ ᠳᠤᠷ᠎ᠠ ᠪᠠᠷ ᠢ᠋ᠶ᠋ᠠᠨ ᠶᠠᠷᠢᠭᠠᠷᠠᠢ᠃ 
       — ᠦᠵᠡᠰᠬᠦᠯᠡᠩ ᠭᠡᠭᠴᠢ ᠨᠢᠭᠡᠨ ᠬᠤᠪᠢ ᠮᠠᠭᠤᠲᠠᠢ ᠬᠥᠮᠦᠨ ᠶᠦᠮ᠃ ᠢᠯᠠᠩᠭᠤᠶ᠎ᠠ ᠡᠮᠨᠡᠯᠭᠡ ᠶ᠋ᠢᠨ ᠬᠣᠷᠢᠶᠠᠨ ᠳ᠋ᠤ᠌ ᠠᠵᠢᠯᠯᠠᠭᠰᠠᠨ ᠬᠣᠷᠢᠭᠠᠳ ᠵᠢᠯ ᠦ᠋ᠨ ᠲᠤᠷᠰᠢ ᠶᠠᠭ ᠯᠠ ᠶᠠᠮᠠᠷ ᠨᠢᠭᠡᠨ ᠬᠠᠷ᠎ᠠ ᠰᠡᠭᠦᠳᠡᠷ ᠲᠡᠭᠦᠨ ᠢ᠋ ᠳᠠᠭᠠᠭᠠᠳ ᠬᠤᠪᠢ ᠤᠴᠠᠷᠠᠯ ᠲᠠᠢ ᠨᠢ ᠡᠰᠡᠷᠭᠦᠴᠡᠯᠳᠦᠭᠡᠳ ᠪᠠᠢᠬᠤ ᠰᠢᠭ᠋ ᠰᠠᠨᠠᠭᠳᠠᠳᠠᠭ᠃ 
       — ᠴᠣᠬᠣᠮ ᠬᠡᠵᠢᠶ᠎ᠡ ᠡᠴᠡ ᠶᠠᠮᠠᠷ ᠶᠠᠪᠤᠳᠠᠯ ᠠ᠋ᠴᠠ ᠲᠡᠢᠮᠦ ᠨᠢᠭᠡ ᠪᠠᠢᠳᠠᠯ ᠲᠠᠢ ᠪᠣᠯᠤᠭᠰᠠᠨ ᠪᠣᠢ? 
       — ᠪᠢ ᠲᠠᠨᠠᠷ ᠲᠤ᠌ ᠪᠣᠳᠣᠭᠰᠠᠨ ᠦᠵᠡᠭᠰᠡᠨ ᠢ᠋ᠶ᠋ᠡᠨ ᠶᠠᠷᠢᠶ᠎ᠠ᠃ ᠲᠠᠭᠠᠷᠠᠵᠤ ᠴᠤ᠌ ᠮᠡᠳᠡᠨ᠎ᠡ ᠂ ᠲᠠᠭᠠᠷᠠᠬᠤ ᠦᠭᠡᠢ ᠪᠠᠢᠵᠤ ᠴᠤ᠌ ᠮᠡᠳᠡᠨ᠎ᠡ᠃  ᠁ᠲᠠᠨᠠᠷ ᠨᠠᠷᠢᠨ ᠪᠣᠳᠣᠯᠬᠢᠯᠠᠵᠤ ᠦᠵᠡ ᠳᠡ᠁᠃  ᠁ ᠨᠠᠮ᠎ᠠ ᠶᠢ ᠡᠨᠳᠡ ᠢᠷᠡᠭᠰᠡᠨ ᠦ᠌ ᠳᠥᠷᠪᠡᠨ ᠵᠢᠯ ᠳᠡᠭᠡᠷ᠎ᠡ ᠦᠵᠡᠰᠬᠦᠯᠡᠩ ᠮᠠᠨ ᠤ᠋ ᠡᠮᠨᠡᠯᠭᠡ ᠶ᠋ᠢᠨ ᠬᠣᠷᠢᠶᠠᠨ ᠳ᠋ᠤ᠌ ᠬᠤᠪᠢᠶᠠᠭᠳᠠᠵᠤ ᠢᠷᠡᠭᠰᠡᠨ ᠶᠦᠮ᠃  ᠁ᠲᠡᠷᠡ ᠦᠷᠭᠦᠯᠵᠢ ᠠᠯᠪᠠᠨ ᠭᠡᠷ ᠲᠤ ᠪᠠᠨ ᠰᠠᠭᠤᠭᠠᠳ ᠶᠡᠬᠡ ᠣᠷᠣᠢ ᠪᠣᠯᠲᠠᠯ᠎ᠠ ᠰᠤᠷᠤᠯᠴᠠᠬᠤ ᠳᠤᠷᠠᠲᠠᠢ᠃  ᠁ᠲᠡᠭᠦᠨ ᠢ᠋ ᠢᠷᠡᠭᠰᠡᠨ ᠦ᠌ ᠳᠠᠷᠠᠭ᠎ᠠ ᠵᠢᠯ ᠦ᠋ᠨ ᠨᠠᠮᠤᠷ ᠪᠠᠢᠭᠰᠠᠨ ᠰᠢᠭ᠋᠁᠃  ᠁ᠨᠢᠭᠡ ᠰᠥᠨᠢ ᠲᠡᠷᠡ ᠮᠥᠨ ᠤᠤᠯ ᠤ᠋ᠨ ᠵᠤᠷᠰᠢᠯ ᠢ᠋ᠶ᠋ᠠᠷ ᠢ᠋ᠶ᠋ᠠᠨ ᠠᠯᠪᠠᠨ ᠭᠡᠷ ᠲᠦ ᠪᠡᠨ ᠰᠠᠭᠤᠵᠤ ᠪᠠᠢᠬᠤ ᠳ᠋ᠤ᠌ ᠪᠢ ᠬᠠᠵᠠᠭᠤ ᠶ᠋ᠢᠨ ᠭᠡᠷ ᠲᠦ᠋ᠨᠢ ᠰᠥᠨᠢ ᠶ᠋ᠢᠨ ᠵᠢᠵᠢᠭᠦᠷ ᠬᠢᠵᠦ ᠪᠠᠢᠭᠰᠠᠨ᠃  ᠁ᠪᠠᠷᠤᠭ ᠯᠠ ᠠᠷᠪᠠᠨ ᠨᠢᠭᠡᠨ ᠴᠠᠭ ᠤ᠋ᠨ ᠦᠶ᠎ᠡ ᠪᠡᠷ ᠲᠡᠭᠦᠨ ᠦ᠌ ᠠᠯᠪᠠᠨ ᠭᠡᠷ ᠦ᠋ᠨ ᠳ᠋ᠢᠶᠠᠩᠬᠤᠸᠠ ᠶ᠋ᠢᠨ ᠬᠣᠩᠬᠣ ᠨᠢ ᠲᠡᠷᠴᠢᠭᠢᠨᠡᠨ ᠳᠤᠤᠭᠠᠷᠴᠤ ᠳᠡᠮᠡᠢ ᠤᠳᠠᠯ ᠦᠭᠡᠢ ᠪᠡᠷ ᠲᠡᠷᠡ ᠨᠢᠭᠡᠨ ᠬᠥᠮᠦᠨ ᠲᠡᠢ ᠳ᠋ᠢᠶᠠᠩᠬᠤᠸᠠ ᠪᠠᠷ ᠶᠠᠷᠢᠯᠴᠠᠬᠤ ᠨᠢ ᠪᠦᠦᠷ ᠲᠦᠦᠷ ᠰᠣᠨᠣᠰᠳᠠᠪᠠ᠃  ᠁ᠡᠨᠡ ᠨᠢ ᠨᠠᠳᠠ ᠶᠡᠬᠡ ᠰᠣᠨᠢᠨ ᠰᠠᠨᠠᠭᠳᠠᠭᠰᠠᠨ ᠲᠤᠯᠠ ᠡᠭᠦᠳᠡᠨ ᠦ᠌ ᠬᠢᠨᠢ ᠳᠡᠷᠭᠡᠳᠡ ᠬᠦᠷᠬᠦ ᠳ᠋ᠦ᠍ ᠦᠵᠡᠰᠬᠦᠯᠡᠩ ᠮᠢᠨᠦ ᠥᠭᠡᠳᠡ ᠡᠴᠡ ᠭᠠᠷᠴᠤ ᠢᠷᠡᠭᠡᠳ ᠲᠣᠯᠣᠭᠠᠢ ᠪᠠᠨ ᠳᠣᠬᠢᠰᠬᠢᠭᠡᠳ ᠠᠰᠠᠷ ᠳᠡᠭᠡᠷ᠎ᠡ ᠭᠠᠷᠪᠠ᠃  ᠁ᠪᠠᠷᠤᠭ ᠯᠠ ᠬᠠᠭᠠᠰ ᠴᠠᠭ ᠭᠠᠷᠤᠢ ᠪᠣᠯᠤᠭᠠᠳ ᠲᠡᠷᠡ ᠠᠰᠠᠷ ᠠ᠋ᠴᠠ ᠮᠠᠰᠢ ᠶᠠᠭᠠᠷᠠᠤ ᠪᠠᠭᠤᠵᠤ ᠢᠷᠡᠯ᠎ᠡ᠃  ᠁ᠪᠢ ᠴᠤ᠌ ᠰᠥᠨᠢ ᠶ᠋ᠢᠨ ᠠᠷᠪᠠᠨ ᠬᠣᠶᠠᠷ ᠴᠠᠭ ᠲᠤ᠌ ᠠᠵᠢᠯ ᠠ᠋ᠴᠠ ᠪᠠᠭᠤᠬᠤ ᠲᠠᠭᠠᠷᠠᠵᠤ ᠡᠮᠦᠨ᠎ᠡ ᠡᠴᠡ ᠨᠢ ᠲᠣᠰᠴᠤ ᠣᠴᠢᠯ᠎ᠠ᠃  ᠁ᠲᠡᠭᠦᠨ ᠦ᠌ ᠨᠢᠭᠤᠷ ᠴᠢᠷᠠᠢ ᠨᠢ ᠮᠢᠨᠴᠢᠢᠨ ᠤᠯᠠᠢᠵᠤ ᠠᠭᠤᠷᠯᠠᠵᠤ ᠪᠠᠴᠢᠮᠳᠠᠭᠰᠠᠨ ᠪᠠᠢᠳᠠᠯ ᠲᠠᠢ ᠪᠠᠢᠯ᠎ᠠ᠃  ᠁ᠪᠢ ᠭᠠᠷ ᠠ᠋ᠴᠠ ᠨᠢ ᠬᠤᠷᠳᠤᠬᠠᠨ ᠠᠳᠬᠤᠵᠤ ᠠᠪᠤᠭᠠᠳ᠂ ᠠᠯᠢ ᠠᠯᠪᠠᠨ ᠭᠡᠷ ᠲᠦ᠍ ᠣᠴᠢᠭᠰᠠᠨ ᠪᠣᠢ? ᠶᠠᠮᠠᠷ ᠬᠥᠮᠦᠨ ᠶᠠᠭᠠᠬᠢᠭᠰᠠᠨ ᠪᠣᠢ? ᠭᠡᠵᠦ ᠬᠡᠳᠦ ᠤᠳᠠᠭ᠎ᠠ ᠠᠰᠠᠭᠤᠭᠰᠠᠨ ᠴᠤ᠌ ᠲᠡᠷᠡ ᠶᠠᠭᠤ ᠴᠤ᠌ ᠳᠤᠤᠭᠠᠷᠤᠭᠰᠠᠨ ᠦᠭᠡᠢ᠃  ᠁ᠭᠠᠭᠴᠠ ᠬᠦ᠌ ᠨᠠᠮ᠎ᠠ ᠶᠢ ᠭᠡᠷ ᠲᠦ ᠪᠡᠨ ᠬᠦᠷᠭᠡᠭᠡᠴᠢ ᠭᠡᠵᠦ ᠭᠤᠶᠤᠪᠠ᠁᠃  ᠁ᠪᠢ ᠲᠡᠭᠦᠨ ᠲᠡᠢ ᠬᠠᠮᠲᠤ ᠡᠮᠨᠡᠯᠭᠡ ᠶ᠋ᠢᠨ ᠬᠣᠷᠢᠶᠠᠨ ᠤ᠋ ᠶᠡᠬᠡ ᠠᠰᠠᠷ ᠠ᠋ᠴᠠ ᠭᠠᠷᠤᠭᠠᠳ ᠡᠷᠭᠢᠵᠦ ᠬᠠᠷᠠᠬᠤᠯ᠎ᠠ ᠬᠣᠶᠠᠷ ᠭᠤᠷᠪᠠᠳᠤᠭᠠᠷ ᠳᠠᠪᠬᠤᠷᠯᠢᠭ ᠳᠠᠬᠢ ᠬᠣᠷᠢᠶ᠎ᠠ᠂ ᠰᠠᠯᠠᠭᠠᠨ ᠳᠠᠷᠤᠭ᠎ᠠ ᠨᠠᠷ ᠤ᠋ᠨ ᠠᠯᠪᠠᠨ ᠭᠡᠷ ᠦ᠋ᠳ ᠬᠡᠳᠦ ᠨᠢ ᠯᠡ ᠳ᠋ᠧᠩ ᠲᠡᠢ ᠪᠠᠢᠯ᠎ᠠ᠃  ᠁ᠦᠨᠡᠨ ᠳᠦ ᠪᠡᠨ ᠳᠡᠭᠡᠳᠦ ᠳᠠᠪᠬᠤᠷᠯᠢᠭ ᠤ᠋ᠨ ᠠᠯᠪᠠᠨ ᠭᠡᠷ ᠡᠴᠡ ᠳᠣᠣᠷ᠎ᠠ ᠳᠠᠪᠬᠤᠷᠯᠢᠭ ᠤ᠋ᠨ ᠠᠯᠪᠠᠨ ᠭᠡᠷ ᠲᠦ᠍ ᠰᠢᠭᠤᠳ ᠳ᠋ᠢᠶᠠᠩᠬᠤᠸᠠ ᠪᠠᠷ ᠶᠠᠷᠢᠯᠴᠠᠳᠠᠭ ᠬᠥᠮᠦᠨ ᠦ᠌ ᠣᠯᠠᠩᠬᠢ ᠨᠢ ᠪᠦᠷ ᠶᠡᠬᠡ ᠪᠠᠭ᠎ᠠ ᠳᠠᠷᠤᠭ᠎ᠠ ᠨᠠᠷ ᠯᠠ ᠪᠢᠯᠡ᠃ ᠁ ᠪᠢ ᠡᠯᠳᠡᠪ ᠢ᠋ ᠰᠡᠵᠢᠭᠯᠡᠵᠦ ᠶᠠᠪᠤᠭᠰᠠᠨ ᠴᠤ᠌ ᠲᠠᠬᠢᠵᠤ ᠠᠮᠠ ᠨᠡᠭᠡᠭᠡᠵᠦ ᠠᠰᠠᠭᠤᠵᠤ ᠴᠢᠳᠠᠭᠰᠠᠨ ᠦᠭᠡᠢ᠃  ᠁ᠡᠨᠡ ᠦᠶ᠎ᠡ ᠳ᠋ᠦ᠍ ᠪᠢ ᠶᠠᠭᠠᠬᠢᠵᠤ ᠠᠰᠠᠭᠤᠭᠰᠠᠨ ᠴᠤ᠌ ᠦᠵᠡᠰᠬᠦᠯᠡᠩ ᠯᠠ‍ᠪ ᠶᠠᠭᠤᠮ᠎ᠠ ᠬᠡᠯᠡᠬᠦ ᠦᠭᠡᠢ ᠶᠦᠮ᠃ ᠁ ᠵᠥᠪᠬᠡᠨ ᠲᠡᠭᠦᠨ ᠳ᠋ᠦ᠍ ᠶᠠᠮᠠᠷ ᠨᠢᠭᠡᠨ ᠶᠡᠷᠦ ᠪᠤᠰᠤ ᠶ᠋ᠢᠨ ᠬᠡᠷᠡᠭ ᠲᠣᠬᠢᠶᠠᠯᠳᠤᠭᠰᠠᠨ ᠭᠡᠵᠦ ᠯᠡ ᠪᠣᠳᠣᠵᠤ ᠶᠠᠪᠤᠯ᠎ᠠ᠃  ᠁ᠪᠢ ᠲᠡᠭᠦᠨ ᠢ᠋ ᠭᠡᠷ ᠲᠦ᠋ᠨᠢ ᠬᠦᠷᠭᠡᠭᠡᠳ ᠪᠤᠴᠠᠬᠤ ᠳ᠋ᠤ᠌᠂ ᠲᠡᠷᠡ ᠮᠢᠨᠦ ᠭᠠᠷ ᠢ᠋ ᠴᠢᠩᠭ᠎ᠠ ᠠᠳᠬᠤᠭᠠᠳ ᠵᠠᠮ ᠳᠤ ᠪᠠᠨ ᠰᠠᠢᠨ ᠬᠢᠴᠢᠶᠡ ᠭᠡᠪᠡ᠃  ᠁ᠪᠢ ᠲᠣᠯᠣᠭᠠᠢ ᠳᠣᠬᠢᠰᠬᠢᠭᠡᠳ ᠰᠠᠯᠵᠤ ᠶᠠᠪᠤᠯ᠎ᠠ᠃  ᠁ᠶᠡᠬᠡ ᠵᠡᠭᠡᠯᠢ ᠶ᠋ᠢᠨ ᠦᠵᠦᠭᠦᠷ ᠬᠦᠷᠦᠭᠡᠳ ᠡᠷᠭᠢᠵᠦ ᠬᠠᠷᠠᠬᠤᠯ᠎ᠠ ᠲᠡᠷᠡ ᠮᠥᠨ ᠡᠭᠦᠳᠡᠨ ᠦ᠌ ᠪᠡᠨ ᠳ᠋ᠧᠩ ᠦ᠋ᠨ ᠭᠡᠷᠡᠯ ᠳ᠋ᠦ᠍ ᠵᠣᠭᠰᠣᠭᠠᠳ ᠮᠢᠨᠦ ᠬᠣᠢᠨ᠎ᠠ ᠠ᠋ᠴᠠ ᠬᠠᠷᠠᠵᠤ ᠪᠠᠢᠭᠰᠠᠨ᠃  ᠁ᠡᠳᠡᠭᠡᠷ ᠨᠢ ᠨᠠᠳᠠ ᠳᠠᠩᠴᠤ ᠬᠠᠴᠢᠨ ᠰᠣᠨᠢᠨ ᠰᠠᠨᠠᠭᠳᠠᠵᠤ ᠪᠢᠯᠡ᠃  ᠡᠭᠦᠨ ᠡᠴᠡ ᠬᠣᠢᠰᠢ ᠦᠵᠡᠰᠬᠦᠯᠡᠩ ᠠᠯᠪᠠᠨ ᠭᠡᠷ ᠲᠦ ᠪᠡᠨ ᠶᠡᠬᠡ ᠣᠷᠣᠢ ᠪᠣᠯᠲᠠᠯ᠎ᠠ ᠰᠠᠭᠤᠬᠤ ᠦᠭᠡᠢ ᠪᠣᠯᠤᠭᠰᠠᠨ ᠮᠥᠷᠲᠡᠭᠡᠨ ᠬᠡᠷᠡᠭ ᠦᠭᠡᠢ ᠪᠣᠯ ᠰᠥᠨᠢ ᠠᠯᠪᠠᠨ ᠭᠡᠷ ᠲᠦ ᠪᠡᠨ ᠢᠷᠡᠬᠦ ᠪᠡᠨ ᠴᠤ᠌ ᠪᠠᠢᠴᠢᠬᠠᠪᠠ ᠭᠡᠳ ᠲᠡᠷᠡ ᠬᠣᠭᠣᠯᠠᠢ ᠪᠠᠨ ᠵᠠᠰᠠᠭᠰᠠᠨ ᠢ᠋ᠶ᠋ᠠᠨ᠄ 
       — ᠬᠠᠭᠠᠰ ᠵᠢᠯ ᠦ᠋ᠨ ᠳᠠᠷᠠᠭ᠎ᠠ ᠪᠢ ᠦᠵᠡᠰᠬᠦᠯᠡᠩ ᠦ᠋ᠨ ᠭᠡᠷ ᠲᠦ᠍ ᠨᠢᠭᠡ ᠬᠦᠷᠬᠦ ᠳ᠋ᠦ᠍ ᠲᠡᠷᠡ ᠨᠢᠭᠡᠨᠲᠡ ᠵᠢᠷᠮᠦᠰᠦᠨ ᠪᠣᠯᠤᠭᠠᠳ ᠬᠡᠳᠦᠨ ᠰᠠᠷ᠎ᠠ ᠪᠣᠯᠵᠤ ᠪᠠᠢᠭᠰᠠᠨ ᠪᠢᠯᠡ᠃ ᠲᠡᠭᠡᠭᠡᠳ ᠪᠢ ᠲᠡᠭᠦᠨ ᠢ᠋ ᠱᠣᠭᠯᠠᠨ ᠡᠨᠡ ᠬᠡᠦᠬᠡᠳ ᠪᠠᠷᠤᠭ ᠨᠢᠭᠡ ᠪᠦᠳᠦᠭᠦᠨ ᠨᠣᠶᠠᠨ ᠤ᠋ ᠬᠢ ᠪᠠᠢᠵᠤ ᠮᠡᠳᠡᠨ᠎ᠡ ᠭᠡᠰᠡᠨ ᠳ᠋ᠦ᠍ ᠲᠡᠷᠡ ᠨᠠᠮ᠎ᠠ ᠶᠢ ᠬᠦᠴᠦᠲᠡᠢ ᠭᠡᠭᠴᠢ ᠶᠣᠪᠣᠷᠤᠭᠰᠠᠨ ᠢ᠋ᠶ᠋ᠠᠨ ᠡᠮᠡᠭᠲᠡᠢ ᠬᠥᠮᠦᠨ ᠦ᠌ ᠣᠨᠴᠠᠭᠠᠢ ᠰᠡᠷᠡᠯᠲᠡ ᠪᠡᠷ ᠳᠤᠲᠠᠮᠠᠭ ᠠᠮᠢᠲᠠᠨ᠂ ᠴᠢ ᠲᠡᠢᠮᠦ ᠠᠳᠤᠭᠤᠰᠤ ᠪᠠᠷ ᠁ ᠭᠡᠳ ᠨᠡᠯᠢᠶᠡᠳ ᠳᠤᠭᠤᠢ ᠪᠣᠯᠤᠭᠰᠠᠨ ᠢ᠋ᠶ᠋ᠠᠨ ᠳᠠᠬᠢᠭᠠᠳ ᠮᠠᠨ ᠤ᠋ ᠵᠠᠷᠢᠮ ᠳᠠᠷᠤᠭ᠎ᠠ ᠨᠠᠷ ᠶᠣᠰᠣᠲᠠᠢ ᠤᠬᠤᠨ᠎ᠠ ᠬᠤᠴᠠ ᠁ ᠭᠡᠳ ᠯᠡ ᠬᠡᠯᠡᠬᠦ ᠭᠡᠰᠡᠨ ᠦᠭᠡ ᠪᠡᠨ ᠬᠡᠯᠡᠨ ᠦ᠌ ᠪᠡᠨ ᠳᠣᠣᠷ᠎ᠠ ᠳᠠᠷᠤᠴᠢᠬᠠᠪᠠ᠃ 
       — ᠲᠡᠷᠡ ᠦᠷᠭᠦᠯᠵᠢ ᠠᠮᠠᠨ ᠠᠶ᠎ᠠ ᠪᠠᠷ ᠬᠥᠮᠦᠨ ᠢ᠋ ᠠᠳᠤᠭᠤᠰᠤ ᠭᠡᠵᠦ ᠬᠠᠷᠢᠶᠠᠬᠤ ᠪᠤᠶᠤ ᠡᠰᠡᠬᠦᠯ᠎ᠡ ᠡᠢᠮᠦ ᠦᠭᠡ ᠪᠡᠷ ᠨᠠᠭᠠᠳᠤᠮ ᠲᠣᠭᠯᠠᠭᠠᠮ ᠬᠢᠬᠦ ᠦᠵᠡᠭᠳᠡᠯ ᠪᠠᠢᠳᠠᠭ ᠤᠤ? 
       — ᠦᠭᠡᠢ᠂ ᠲᠡᠷᠡ ᠡᠩ ᠦ᠋ᠨ ᠴᠠᠭ ᠲᠤ᠌ ᠬᠥᠮᠦᠨ ᠢ᠋ ᠶᠡᠷᠦ ᠡᠴᠡ ᠪᠣᠯᠬᠢ ᠪᠦᠳᠦᠭᠦᠯᠢᠭ ᠢ᠋ᠶ᠋ᠡᠷ ᠬᠠᠷᠢᠶᠠᠳᠠᠭ ᠦᠭᠡᠢ᠃ ᠲᠡᠭᠦᠨ ᠦ᠌ ᠨᠠᠭᠠᠳᠤᠮ ᠲᠣᠭᠯᠠᠭᠠᠮ ᠤ᠋ᠨ ᠬᠠᠷᠢᠶᠠᠯ ᠢ᠋ ᠰᠣᠨᠣᠰᠳᠠᠭ ᠬᠥᠮᠦᠨ ᠮᠠᠨ ᠤ᠋ ᠡᠮᠨᠡᠯᠭᠡ ᠶ᠋ᠢᠨ ᠬᠣᠷᠢᠶᠠᠨ ᠳ᠋ᠤ᠌ ᠪᠠᠷᠤᠭ ᠭᠠᠭᠴᠠᠬᠠᠨ ᠪᠢ ᠪᠠᠢᠵᠤ ᠮᠡᠳᠡᠨ᠎ᠡ᠃ 
       — ᠦ᠂ ᠲᠠ ᠵᠠᠯᠭᠠᠭᠠᠳ ᠶᠠᠷᠢᠯ ᠳᠠ᠃ 
       — ᠲᠢᠩᠬᠢᠮ ᠦ᠋ᠨ ᠳᠠᠷᠤᠭ᠎ᠠ ᠠ᠋ ᠂ ᠪᠢ ᠢᠩᠭᠢᠵᠦ ᠲᠠᠨ ᠳ᠋ᠤ᠌ ᠡᠯᠳᠡᠪ ᠢ᠋ ᠶᠠᠷᠢᠭᠠᠳ ᠶᠠᠮᠠᠷ ᠲᠤᠰᠠ ᠲᠠᠢ ᠶᠤᠮ ᠳᠠ᠃ 
       ᠲᠦᠪᠰᠢᠨ ᠳᠣᠣᠷ᠎ᠠ ᠨᠢ ᠦᠭᠡ ᠶ᠋ᠢ ᠨᠢ ᠡᠯᠭᠦᠵᠦ ᠠᠪᠤᠭᠠᠳ᠄ 
       — ᠮᠠᠰᠢ ᠲᠤᠰᠠᠲᠠᠢ᠃ ᠲᠠ ᠮᠥᠨ ᠡᠨᠡ ᠬᠡᠪ ᠢ᠋ᠶ᠋ᠡᠷ ᠢ᠋ᠶ᠋ᠡᠨ ᠦᠷᠭᠦᠯᠵᠢᠯᠡᠨ ᠶᠠᠷᠢ ᠳᠠ ᠭᠡᠪᠡ᠃ 
       — ᠲᠡᠭᠦᠨ ᠡᠴᠡ ᠬᠣᠢᠰᠢ ᠦᠵᠡᠰᠬᠦᠯᠡᠩ ᠦ᠋ᠨ ᠬᠤᠪᠢ ᠵᠠᠶᠠᠭ᠎ᠠ ᠨᠢ ᠬᠠᠵᠠᠢᠭᠰᠠᠨ ᠰᠢᠭ᠋ ᠪᠣᠯᠪᠠ᠃  ᠁ᠢᠯᠠᠩᠭᠤᠶ᠎ᠠ ᠲᠡᠭᠦᠨ ᠦ᠌ ᠴᠠᠯᠢᠩ ᠬᠥᠯᠥᠰᠥᠨ ᠥᠰᠦᠯᠲᠡ ᠳᠡᠭᠡᠷ᠎ᠡ ᠶᠠᠮᠠᠷ ᠨᠢᠭᠡᠨ ᠬᠥᠮᠦᠨ ᠵᠣᠷᠢᠭᠤᠳᠠ ᠳᠠᠷᠤᠵᠤ ᠪᠠᠢᠬᠤ ᠰᠢᠭ᠋ ᠰᠠᠨᠠᠭᠳᠠᠭᠠᠳ ᠪᠠᠢᠳᠠᠭ᠃  ᠁ᠰᠣᠶᠣᠯ ᠤ᠋ᠨ ᠬᠤᠪᠢᠰᠬᠠᠯ ᠤ᠋ᠨ ᠡᠮᠦᠨᠡᠬᠢ ᠬᠡᠳᠦ ᠤᠳᠠᠭᠠᠨ ᠤ᠋ ᠴᠠᠯᠢᠩ ᠲᠠ‍ᠰ ᠥᠰᠬᠡᠬᠦ ᠳ᠋ᠦ᠍ ᠶᠣᠰᠣᠨ ᠳᠤ ᠪᠠᠨ ᠪᠣᠯ ᠲᠡᠷᠡ ᠬᠠᠮᠤᠭ ᠤ᠋ᠨ ᠡᠮᠦᠨ᠎ᠡ ᠨᠢ ᠨᠥᠬᠥᠴᠡᠯ ᠦᠭᠡᠢ ᠠᠪᠤᠮᠠᠷ ᠶᠤᠮ᠃ ᠁ ᠭᠡᠲᠡᠯ᠎ᠡ ᠰᠠᠨᠠᠭᠠᠨ ᠠ᠋ᠴᠠ ᠭᠠᠳᠠᠨ᠎ᠠ ᠨᠢᠭᠡ ᠶᠠᠪᠤᠳᠠᠯ ᠭᠠᠷᠴᠢᠬᠠᠯ᠎ᠠ᠃  ᠁ᠤᠤᠯ ᠨᠢ ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠤ᠋ ᠨᠢᠭᠡ ᠡᠮᠡᠭᠲᠡᠢ ᠤᠷᠤᠭᠯᠠᠭᠠᠳ ᠤᠳᠠᠭᠠᠨ ᠵᠢᠯ ᠬᠡᠦᠬᠡᠳ ᠲᠥᠷᠥᠭᠰᠡᠨ ᠦᠭᠡᠢ ᠭᠡᠨ᠎ᠡ᠃  ᠁ᠢᠩᠭᠢᠭᠡᠳ ᠲᠡᠷᠡ ᠮᠠᠨ ᠤ᠋ ᠡᠮᠨᠡᠯᠭᠡ ᠶ᠋ᠢᠨ ᠬᠣᠷᠢᠶᠠᠨ ᠳ᠋ᠤ᠌ ᠢᠷᠡᠵᠦ ᠦᠵᠡᠰᠬᠦᠯᠡᠩ ᠢ᠋ᠶ᠋ᠡᠷ ᠪᠠᠢᠴᠠᠭᠠᠯᠭᠠᠭᠰᠠᠨ ᠳ᠋ᠤ᠌᠂ ᠦᠵᠡᠰᠬᠦᠯᠡᠩ ᠲᠡᠭᠦᠨ ᠢ᠋ ᠨᠢᠭᠡᠨᠲᠡ ᠲᠥᠷᠥᠵᠦ ᠥᠩᠭᠡᠷᠡᠭᠰᠡᠨ ᠭᠡᠵᠦ ᠲᠣᠳᠣᠯᠠᠭᠠᠳ᠂ ᠲᠡᠭᠦᠨ ᠦ᠌ ᠣᠳᠣ ᠲᠥᠷᠥᠬᠦ ᠦᠭᠡᠢ ᠪᠠᠢᠭ᠎ᠠ ᠶ᠋ᠢᠨ ᠰᠢᠯᠲᠠᠭᠠᠨ ᠨᠢ ᠨᠢᠭᠡ ᠪᠣᠯ ᠠᠩᠬ᠎ᠠ ᠤᠳᠠᠭ᠎ᠠ ᠬᠥᠩᠭᠡᠵᠢᠬᠦ ᠳ᠋ᠡᠭᠡᠨ ᠬᠦᠴᠢᠷᠳᠡᠭᠡᠳ ᠭᠡᠮ ᠠᠷᠬᠠᠭ ᠦᠯᠡᠳᠡᠭᠰᠡᠨ᠂ ᠡᠰᠡᠪᠡᠯ ᠬᠣᠵᠢᠮ ᠨᠢ ᠬᠡᠪᠡᠯᠢ ᠪᠤᠵᠠᠷᠲᠤᠭᠰᠠᠨ ᠠ᠋ᠴᠠ ᠪᠣᠯᠤᠭᠰᠠᠨ ᠭᠡᠵᠦ ᠲᠣᠳᠣᠷᠬᠠᠢᠯᠠᠨ ᠬᠡᠯᠡᠵᠡᠢ᠃  ᠁ᠡᠨᠡ ᠬᠦ᠌ ᠪᠠᠢᠴᠠᠭᠠᠯᠲᠠ ᠶᠡᠬᠡ ᠶᠠᠷᠰᠢᠭ ᠲᠠᠷᠢᠯ᠎ᠠ᠁᠃  ᠁ᠲᠡᠷᠡ ᠡᠬᠡᠨᠡᠷ᠂ ᠦᠵᠡᠰᠬᠦᠯᠡᠩ ᠦ᠋ᠨ ᠢᠩᠭᠢᠵᠦ ᠬᠡᠯᠡᠬᠦ ᠶ᠋ᠢ ᠰᠣᠨᠣᠰᠤᠮᠠᠭᠴᠠ ᠠᠭᠤᠷᠯᠠᠨ ᠬᠢᠯᠢᠩᠨᠡᠵᠦ ᠦᠰᠦᠷᠦᠨ ᠪᠣᠰᠤᠭᠠᠳ᠂ ᠴᠢ ᠶᠠᠭᠤᠨ ᠳ᠋ᠤ᠌ ᠢᠩᠭᠢᠵᠦ ᠳᠤᠷ᠎ᠠ ᠪᠠᠷ ᠢ᠋ᠶ᠋ᠠᠨ ᠴᠠᠯᠴᠢᠬᠤ ᠪᠣᠢ? ᠪᠢ ᠬᠡᠵᠢᠶ᠎ᠡ ᠲᠥᠷᠥᠭᠰᠡᠨ ᠪᠣᠢ? ᠶᠠᠭᠠᠬᠢᠬᠤ ᠳᠤ ᠪᠠᠨ ᠢᠩᠭᠢᠵᠦ ᠬᠤᠳᠠᠯ ᠬᠠᠭᠤᠷᠮᠠᠭ ᠱᠠᠯ ᠳᠡᠮᠡᠢ ᠪᠡᠷ ᠡᠪᠡᠳᠴᠢᠨ ᠲᠣᠳᠣᠯᠠᠬᠤ ᠪᠣᠢ? ᠭᠡᠵᠦ ᠠᠭᠰᠤᠷᠤᠨ ᠵᠠᠩᠨᠠᠪᠠᠯ ᠦᠵᠡᠰᠬᠦᠯᠡᠩ ᠳᠣᠣᠷ᠎ᠠ ᠨᠢ ᠭᠡᠯᠮᠡᠭᠳᠡᠨ ᠰᠣᠴᠢᠵᠤ ᠨᠢᠭᠡ ᠴᠠᠭ ᠶᠠᠭᠤ ᠬᠡᠯᠡᠬᠦ ᠪᠡᠨ ᠴᠤ᠌ ᠣᠯᠵᠤ ᠶᠠᠳᠠᠵᠠᠢ᠃  ᠁ᠦᠵᠡᠰᠬᠦᠯᠡᠩ᠂ ᠲᠡᠷᠡ ᠡᠬᠡᠨᠡᠷ ᠢ᠋ᠶ᠋ᠡᠷ ᠬᠠᠷᠢᠶᠠᠯᠭᠠᠵᠤ ᠵᠠᠩᠨᠠᠭᠤᠯᠤᠭᠠᠳ ᠲᠡᠰᠴᠦ ᠶᠠᠳᠠᠬᠤ ᠳᠤ ᠪᠠᠨ᠂ ᠲᠠᠨ ᠳ᠋ᠤ᠌ ᠬᠡᠦᠬᠡᠳ ᠲᠥᠷᠥᠭᠰᠡᠨ ᠰᠢᠷᠬ᠎ᠠ ᠰᠣᠷᠪᠢ ᠢᠪ ᠢᠯᠡᠷᠬᠡᠢ ᠪᠠᠢᠬᠤ ᠳ᠋ᠤ᠌ ᠶᠠᠭᠤᠨ ᠳ᠋ᠤ᠌ ᠵᠠᠪᠠᠯ ᠨᠢᠭᠤᠬᠤ ᠪᠣᠢ ᠭᠡᠪᠡ᠃  ᠁ᠲᠡᠷᠡ ᠡᠬᠡᠨᠡᠷ ᠨᠡᠩ ᠠᠭᠤᠷᠯᠠᠨ ᠡᠯᠳᠡᠪ ᠬᠣᠶᠠᠷ ᠢ᠋ᠶ᠋ᠠᠷ ᠬᠠᠷᠢᠶᠠᠵᠤ ᠡᠬᠢᠯᠡᠯ᠎ᠡ᠁᠃  ᠁ᠴᠢᠮ᠎ᠠ ᠰᠢᠭ᠋ ᠭᠠᠬᠠᠢ ᠶ᠋ᠢᠨ ᠲᠠᠷᠢᠬᠢ ᠲᠠᠢ ᠶᠠᠭᠤᠮ᠎ᠠ ᠡᠮᠴᠢ ᠪᠣᠯᠤᠭᠠᠳ ᠶᠠᠭᠤ ᠬᠢᠬᠦ ᠪᠣᠢ? ᠤᠯᠤᠰ ᠤ᠋ᠨ ᠪᠤᠳᠠᠭ᠎ᠠ ᠶ᠋ᠢ ᠰᠦᠢᠳᠬᠡᠭᠡᠳ᠂ ᠬᠠᠢᠷᠠᠨ ᠶᠠᠭᠤᠮ᠎ᠠ᠃  ᠁ᠮᠠᠭᠤ ᠪᠤᠳᠠᠭᠠᠨ ᠲᠤᠯᠤᠮ᠃ ᠴᠢ ᠨᠡᠭᠡᠷᠡᠨ ᠬᠥᠮᠦᠨ ᠢ᠋ ᠴᠢᠰᠤ ᠦᠭᠡᠢ ᠪᠡᠷ ᠠᠯᠠᠵᠤ ᠪᠠᠢᠨ᠎ᠠ᠃ ᠨᠠᠳᠠ ᠮᠠᠭᠤ ᠨᠡᠷ᠎ᠡ ᠵᠡᠭᠦᠯᠭᠡᠬᠦ  ᠳᠦ ᠪᠡᠨ᠃ ᠴᠢ᠁ ᠭᠡᠬᠦ  ᠳᠦ ᠪᠡᠨ ᠪᠠᠷᠤᠭ ᠵᠣᠳᠣᠭᠠᠳ ᠠᠪᠤᠮᠠᠷ ᠪᠣᠯᠵᠤ ᠪᠠᠢᠪᠠ᠃ ᠁ ᠶᠠᠭ ᠡᠨᠡ ᠦᠶ᠎ᠡ ᠳ᠋ᠦ᠍ ᠳᠡᠷᠭᠡᠳᠡ ᠨᠢ ᠪᠠᠢᠭᠰᠠᠨ ᠡᠷ᠎ᠡ ᠨᠢ᠂ ᠡᠮᠴᠢ ᠠ᠋᠂ ᠲᠠ ᠪᠠᠷᠤᠭ ᠪᠤᠷᠤᠭᠤ ᠲᠣᠳᠣᠯᠠᠭᠰᠠᠨ ᠪᠠᠢᠬ᠎ᠠ᠃ ᠪᠢᠳᠡᠨ ᠦ᠌ ᠤᠷᠤᠭᠯᠠᠬᠤ ᠦᠶ᠎ᠡ ᠶ᠋ᠢᠨ ᠪᠣᠳᠠᠲᠠᠢ ᠪᠠᠢᠳᠠᠯ ᠠ᠋ᠴᠠ ᠬᠡᠯᠡᠪᠡᠯ ᠴᠢᠨᠦ ᠲᠣᠳᠣᠯᠠᠯᠲᠠ ᠪᠤᠷᠤᠭᠤ ᠪᠠᠢᠨ᠎ᠠ ᠭᠡᠪᠡ᠃  ᠦᠵᠡᠰᠬᠦᠯᠡᠩ ᠡᠳᠡᠨ ᠲᠡᠢ ᠢᠩᠭᠢᠵᠦ ᠭᠡᠷᠡᠯᠲᠦᠨ ᠴᠤᠤᠭᠢᠬᠤ ᠨᠢ ᠢᠯᠡᠭᠦᠦ ᠬᠡᠷᠡᠭ ᠪᠠᠢᠨ᠎ᠠ ᠭᠡᠵᠦ ᠪᠣᠳᠣᠬᠤ ᠳᠤ ᠪᠠᠨ ᠲᠣᠳᠣᠯᠠᠯᠲᠠ ᠶ᠋ᠢᠨ ᠭᠡᠷᠡᠴᠢ ᠳᠡᠭᠡᠷ᠎ᠡ ᠪᠡᠨ 《ᠲᠥᠷᠥᠬᠦ ᠰᠢᠰᠲ᠋ᠧᠮ ᠨᠢ ᠡᠪᠳᠡᠷᠡᠭᠡᠳ ᠴᠢᠳᠠᠪᠤᠷᠢ ᠪᠠᠨ ᠠᠯᠳᠠᠵᠠᠢ》 ᠭᠡᠵᠦ ᠬᠠᠯᠠᠨ ᠪᠢᠴᠢᠯ᠎ᠡ᠃  ᠁ᠡᠨᠡ ᠬᠣᠶᠠᠭᠤᠯᠠ ᠶ᠋ᠢ ᠶᠠᠪᠤᠭᠰᠠᠨ ᠤ᠋ ᠳᠠᠷᠠᠭ᠎ᠠ ᠦᠵᠡᠰᠬᠦᠯᠡᠩ ᠨᠠᠳᠠ᠂ ᠡᠨᠡ ᠡᠬᠡᠨᠡᠷ ᠨᠢᠭᠡᠨᠲᠡ ᠲᠥᠷᠥᠵᠦ ᠥᠩᠭᠡᠷᠡᠭᠰᠡᠨ ᠪᠠᠢᠭᠠᠳ ᠶᠠᠭᠤᠨ ᠳ᠋ᠤ᠌ ᠢᠩᠭᠢᠵᠦ ᠨᠢᠭᠤᠬᠤ ᠪᠣᠢ? ᠡᠷ᠎ᠡ ᠨᠢ ᠪᠠᠰᠠ ᠨᠡᠢᠯᠡᠵᠦ ᠨᠢᠭᠤᠬᠤ ᠠ᠋ᠴᠠ ᠦᠵᠡᠬᠦ ᠳ᠋ᠦ᠍ ᠡᠳᠡ ᠬᠣᠶᠠᠭᠤᠯᠠ ᠤᠷᠤᠭᠯᠠᠬᠤ ᠠ᠋ᠴᠠ ᠡᠮᠦᠨ᠎ᠡ ᠳᠡᠷ᠎ᠡ ᠨᠡᠢᠯᠡᠭᠦᠯᠵᠦ ᠵᠢᠷᠮᠦᠰᠦᠨ ᠪᠣᠯᠤᠭᠰᠠᠨ ᠪᠠᠢᠬ᠎ᠠ ᠭᠡᠵᠦ ᠳᠤᠷᠠᠮᠵᠢᠬᠠᠨ ᠬᠡᠯᠡᠵᠦ ᠪᠢᠯᠡ᠃  ᠁ᠲᠡᠷᠡ ᠪᠠᠰᠠ ᠪᠠᠬᠠᠨ ᠪᠣᠳᠣᠯᠬᠢᠯᠠᠭᠠᠳ᠂ ᠪᠢ ᠡᠨᠡ ᠡᠬᠡᠨᠡᠷ ᠢ᠋ ᠬᠠᠮᠢᠭ᠎ᠠ ᠨᠢᠭᠡ ᠦᠵᠡᠭᠰᠡᠨ ᠰᠢᠭ ᠪᠠᠢᠨ᠎ᠠ᠃  ᠁ᠨᠢᠭᠤᠷ ᠴᠢᠷᠠᠢ ᠨᠢ ᠶᠡᠬᠡ ᠳᠠᠰᠤᠯ ᠭᠡᠵᠦ ᠠᠮᠠᠨ ᠠᠶ᠎ᠠ ᠪᠠᠷ ᠬᠡᠯᠡᠭᠡᠳ ᠭᠡᠨᠡᠳᠲᠡ ᠪᠣᠳᠣᠵᠤ ᠣᠯᠤᠭᠰᠠᠨ ᠪᠣᠯᠤᠯᠲᠠᠢ ᠳᠠᠭᠤ ᠨᠢ ᠥᠨᠳᠥᠷᠵᠢᠨ᠂ ᠦ᠂ ᠲᠡᠢᠮᠦ᠂ ᠡᠨᠡ ᠡᠬᠡᠨᠡᠷ ᠲᠡᠷᠡ ᠵᠢᠯ ᠨᠠᠳᠠ ᠲᠠᠢ ᠬᠠᠮᠲᠤ ᠁ ᠴᠢᠭᠢᠶᠡᠲᠦᠷᠦᠦ᠁ ᠰᠠᠢᠨ ᠰᠠᠨᠠᠭ᠎ᠠ ᠶ᠋ᠢ ᠨᠢ ᠨᠣᠬᠠᠢ ᠳᠣᠯᠢᠶᠠᠭᠰᠠᠨ ᠵᠣᠯᠢᠭ᠃  ᠁ᠶᠠᠭ ᠯᠠ ᠲᠡᠷᠡ ᠮᠥᠨ ᠰᠢᠭ ᠪᠠᠢᠨ᠎ᠠ ᠪᠢᠯᠡ᠃  ᠁ᠳᠠᠬᠢᠭᠠᠳ ᠵᠣᠯᠭᠠᠪᠠᠯ ᠴᠢᠮ᠎ᠠ ᠶᠢ ᠁ ᠭᠡᠵᠦ ᠪᠠᠢᠯ᠎ᠠ᠃  ᠁ᠡᠨᠡ ᠶᠠᠪᠤᠳᠠᠯ ᠶᠠᠪᠤᠭᠰᠠᠭᠠᠷ ᠪᠠᠢᠭᠠᠳ ᠬᠣᠷᠢᠶᠠᠨ ᠳᠠᠷᠤᠭ᠎ᠠ ᠨᠠᠷ ᠤ᠋ᠨ ᠴᠢᠬᠢᠨ ᠳ᠋ᠦ᠍ ᠣᠷᠣᠭᠰᠠᠨ ᠳ᠋ᠤ᠌ ᠨᠢᠦ ᠬᠣᠷᠢᠶᠠᠨ ᠳᠠᠷᠤᠭ᠎ᠠ ᠵᠠᠷᠢᠮ ᠬᠥᠮᠦᠨ ᠳ᠋ᠦ᠍᠂ ᠦᠵᠡᠰᠬᠦᠯᠡᠩ ᠨᠡᠭᠡᠷᠡᠨ ᠬᠣᠭᠣᠰᠣᠨ ᠫᠡᠢᠰᠡ ᠵᠡᠭᠦᠭᠰᠡᠨ ᠬᠥᠮᠦᠨ ᠶᠦᠮ ᠪᠠᠢᠨ᠎ᠠ᠃ ᠨᠠᠭᠠᠳᠤ ᠵᠠᠬ᠎ᠠ ᠳᠤ ᠪᠠᠨ ᠡᠢᠮᠦ ᠵᠢᠭᠠᠬᠠᠨ ᠡᠪᠡᠳᠴᠢᠨ ᠢ᠋ ᠴᠤ᠌ ᠵᠥᠪ ᠲᠣᠳᠣᠯᠠᠵᠤ ᠴᠢᠳᠠᠬᠤ ᠦᠭᠡᠢ ᠨᠢ᠃  ᠁ᠲᠡᠷᠡ ᠡᠬᠡᠨᠡᠷ ᠦ᠋ᠨ ᠨᠥᠬᠥᠷ ᠨᠢ ᠭᠡᠭᠴᠢ ᠰᠣᠨᠢᠨ ᠬᠥᠮᠦᠨ ᠪᠠᠢᠵᠤ ᠳᠠ᠂ ᠤᠷᠤᠭᠯᠠᠬᠤ ᠶ᠋ᠢᠨ ᠦᠶ᠎ᠡ ᠶ᠋ᠢᠨ ᠪᠣᠳᠠᠲᠤ ᠪᠠᠢᠳᠠᠯ ᠢ᠋ᠶ᠋ᠠᠨ ᠬᠠᠮᠢᠶ᠎ᠠ ᠦᠭᠡᠢ ᠬᠡᠯᠡᠴᠢᠬᠡᠭᠡᠳ ᠡᠬᠡᠨᠡᠷ ᠢ᠋ᠶ᠋ᠡᠨ ᠳᠠᠭᠠᠭᠤᠯᠤᠭᠠᠳ ᠶᠠᠪᠤᠴᠢᠬᠠᠵᠠᠢ᠃  ᠁ᠦᠭᠡᠢ ᠪᠣᠯ ᠡᠨᠡ ᠬᠡᠷᠡᠭ ᠶᠡᠬᠡᠳᠡᠪᠡᠯ ᠬᠥᠮᠦᠨ ᠦ᠌ ᠭᠡᠷ ᠪᠦᠯᠢ ᠶ᠋ᠢ ᠬᠠᠭᠠᠴᠠᠭᠤᠯᠬᠤ ᠪᠢᠰᠢ ᠶᠦᠮ ᠤᠤ? ᠭᠡᠵᠦ ᠰᠢᠭᠦᠮᠵᠢᠯᠡᠵᠦ ᠳᠣᠭᠣᠭᠢᠯᠠᠬᠤ ᠠᠶᠠᠰ ᠲᠠᠢ ᠬᠡᠯᠡᠵᠡᠢ᠃  ᠁ᠤᠳᠠᠭᠰᠠᠨ ᠦᠭᠡᠢ ᠨᠠᠮ ᠤ᠋ᠨ ᠬᠣᠷᠢᠶ᠎ᠠ ᠠ᠋ᠴᠠ ᠴᠠᠯᠢᠩ ᠥᠰᠬᠡᠬᠦ ᠬᠥᠮᠦᠰ ᠦ᠋ᠨ ᠨᠡᠷ᠎ᠡ ᠶ᠋ᠢ ᠲᠣᠭᠲᠠᠭᠠᠬᠤ ᠳ᠋ᠤ᠌ ᠦᠵᠡᠰᠬᠦᠯᠡᠩ ᠢ᠋ ᠭᠠᠷᠭᠠᠵᠤ ᠬᠠᠶᠠᠵᠠᠢ᠃  ᠁ᠬᠥᠮᠦᠰ ᠦ᠋ᠨ ᠳᠠᠮ ᠬᠡᠯᠡᠯᠴᠡᠬᠦ ᠪᠡᠷ ᠦᠵᠡᠰᠬᠦᠯᠡᠩ ᠦ᠋ᠨ ᠴᠠᠯᠢᠩ ᠥᠰᠴᠦ ᠳᠡᠢᠯᠦᠭᠰᠡᠨ ᠦᠭᠡᠢ ᠨᠢ ᠬᠥᠮᠦᠨ ᠦ᠌ ᠡᠪᠡᠳᠴᠢᠨ ᠳ᠋ᠦ᠍ ᠪᠤᠷᠤᠭᠤ ᠲᠣᠳᠣᠯᠠᠯᠲᠠ ᠬᠢᠭᠰᠡᠨ ᠡᠴᠡ ᠪᠣᠯᠤᠯ᠎ᠠ ᠭᠡᠨ᠎ᠡ᠃  ᠁ᠢᠩᠭᠢᠵᠦ ᠬᠢᠭᠰᠡᠨ ᠨᠢ ᠨᠠᠳᠠ ᠳᠠᠩᠴᠤ ᠭᠣᠣᠯᠴᠢ ᠪᠤᠰᠤ ᠰᠠᠨᠠᠭᠳᠠᠭᠰᠠᠨ ᠲᠤᠯᠠ ᠲᠡᠭᠦᠨ ᠢ᠋ ᠣᠯᠠᠨ ᠤᠳᠠᠭ᠎ᠠ ᠵᠣᠷᠢᠭᠵᠢᠭᠤᠯᠵᠤ᠂ ᠳᠡᠭᠡᠳᠦ ᠱᠠᠲᠤᠨ ᠳ᠋ᠤ᠌ ᠪᠠᠢᠳᠠᠯ ᠢ᠋ᠶ᠋ᠠᠨ ᠬᠡᠯᠡ ᠭᠡᠯ᠎ᠡ᠃ ᠁ ᠪᠢ ᠪᠠᠰᠠ ᠲᠡᠭᠦᠨ ᠳ᠋ᠦ᠍ ᠴᠢ ᠲᠡᠷᠡ ᠡᠮᠡᠭᠲᠡᠢ ᠶ᠋ᠢ ᠲᠠᠨᠢᠭᠰᠠᠨ ᠪᠣᠯ ᠲᠠᠬᠢᠵᠤ ᠳᠠᠭᠤᠳᠠᠵᠤ ᠠᠪᠴᠢᠷᠠᠭᠠᠳ ᠣᠯᠠᠨ ᠮᠡᠷᠭᠡᠵᠢᠯᠲᠡᠨ ᠨᠠᠷ ᠢ᠋ᠶ᠋ᠠᠷ ᠳᠠᠬᠢᠨ ᠪᠠᠢᠴᠠᠭᠠᠯᠭᠠᠭᠠᠳ ᠥᠪᠡᠷ ᠦ᠋ᠨ ᠨᠡᠷ᠎ᠡ ᠠᠯᠳᠠᠷ ᠢ᠋ᠶ᠋ᠠᠨ ᠰᠡᠷᠭᠦᠭᠡᠵᠦ ᠠᠪ ᠭᠡᠵᠦ ᠢᠳᠬᠠᠯ᠎ᠠ᠃  ᠁ᠲᠡᠭᠦᠨ ᠳ᠋ᠦ᠍ ᠶᠠᠭᠤ ᠭᠡᠵᠦ ᠬᠡᠯᠡᠭᠰᠡᠨ ᠴᠤ᠌ ᠲᠡᠷᠡ ᠲᠣᠯᠣᠭᠠᠢ ᠰᠡᠭᠰᠦᠷᠦᠭᠡᠳ ᠶᠡᠷᠦ ᠳᠤᠤᠭᠠᠷᠬᠤ ᠦᠭᠡᠢ ᠪᠠᠢᠯ᠎ᠠ᠃  ᠁ᠵᠢᠯ ᠭᠠᠷᠤᠢ ᠶ᠋ᠢᠨ ᠳᠠᠷᠠᠭ᠎ᠠ ᠳᠠᠬᠢᠭᠠᠳ ᠨᠢᠭᠡ ᠴᠠᠯᠢᠩ ᠥᠰᠬᠦ ᠳᠡᠭᠡᠷ᠎ᠡ ᠪᠠᠰᠠ ᠬᠠᠰᠤᠭᠳᠠᠭᠰᠠᠨ ᠳ᠋ᠤ᠌᠂ ᠪᠢ ᠨᠠᠢᠵᠠ ᠶ᠋ᠢᠨ ᠢ᠋ᠶ᠋ᠡᠨ ᠲᠥᠯᠥᠭᠡ ᠳᠤᠭᠤᠢ ᠰᠠᠭᠤᠵᠤ ᠴᠢᠳᠠᠬᠤ ᠦᠭᠡᠢ ᠪᠣᠯᠤᠭᠠᠳ ᠬᠣᠲᠠ ᠶ᠋ᠢᠨ ᠡᠷᠡᠭᠦᠯ ᠬᠠᠮᠠᠭᠠᠯᠠᠯ ᠤ᠋ᠨ ᠲᠣᠪᠴᠢᠶ᠎ᠠ ᠪᠣᠯᠤᠨ ᠬᠣᠷᠢᠶᠠᠨ ᠤ᠋ ᠠᠵᠢᠯᠲᠠᠨ ᠤ᠋ ᠰᠠᠯᠠᠭᠠᠨ ᠳ᠋ᠤ᠌ ᠬᠦᠷᠴᠦ ᠡᠨᠡ ᠪᠠᠢᠳᠠᠯ ᠢ᠋ ᠲᠤᠰᠬᠠᠵᠠᠢ᠃  ᠁ᠰᠡᠭᠦᠯᠡᠷ ᠨᠢ ᠦᠵᠡᠰᠬᠦᠯᠡᠩ ᠲᠤᠰᠬᠠᠢᠯᠠᠨ ᠮᠠᠨ ᠤ᠋ ᠳ᠋ᠤ᠌ ᠢᠷᠡᠭᠡᠳ ᠴᠢᠷᠠᠢ ᠨᠢ ᠨᠢᠭᠡ ᠯᠡ ᠣᠨᠳᠣᠣ ᠪᠣᠯᠵᠤ ᠪᠠᠢᠭᠰᠠᠨ ᠢ᠋ᠶ᠋ᠠᠨ᠂ ᠮᠢᠨᠦ ᠴᠠᠯᠢᠩ ᠥᠰᠳᠡᠭ ᠦᠭᠡᠢ ᠶ᠋ᠢᠨ ᠰᠢᠯᠲᠠᠭᠠᠨ ᠢ᠋ ᠪᠤᠰᠤᠳ ᠬᠥᠮᠦᠨ ᠮᠡᠳᠡᠬᠦ ᠦᠭᠡᠢ ᠪᠠᠢᠵᠤ ᠮᠡᠳᠡᠨ᠎ᠡ᠃  ᠁ᠭᠡᠲᠡᠯ᠎ᠡ ᠴᠢ ᠪᠣᠯ ᠪᠠᠷᠤᠭᠯᠠᠬᠤ ᠯᠠ ᠶᠣᠰᠣᠲᠠᠢ ᠶᠤᠮ᠃ ᠠᠢ ᠴᠢ ᠳᠡ᠂ ᠪᠢ ᠴᠢᠮ᠎ᠠ ᠳ᠋ᠤ᠌ ᠶᠠᠭᠤ ᠭᠡᠵᠦ ᠲᠣᠳᠣᠷᠬᠠᠢᠯᠠᠵᠤ ᠪᠢᠯᠡ ᠳᠠ᠃  ᠁ᠳᠡᠭᠡᠳᠦ ᠱᠠᠲᠤᠨ ᠳ᠋ᠤ᠌ ᠵᠠᠭᠠᠯᠳᠤᠬᠤ ᠪᠠᠢᠲᠤᠭᠠᠢ ᠲᠡᠭᠷᠢ ᠶ᠋ᠢᠨ ᠣᠷᠳᠣᠨ ᠳ᠋ᠤ᠌ ᠬᠦᠷᠦᠭᠰᠡᠨ ᠴᠤ᠌ ᠲᠤᠰᠠ ᠦᠭᠡᠢ ᠰᠢᠦ ᠭᠡᠳ ᠯᠡ ᠳᠤᠭᠤᠢ ᠪᠣᠯᠤᠭᠰᠠᠨ᠃  ᠁ᠮᠢᠨᠦ ᠵᠠᠭᠠᠯᠳᠤᠯᠭ᠎ᠠ ᠬᠣᠵᠢᠮ ᠨᠢ ᠲᠡᠭᠦᠨ ᠳ᠋ᠦ᠍ ᠮᠠᠰᠢ ᠠᠷᠪᠢᠨ ᠶᠠᠷᠰᠢᠭ ᠲᠦᠪᠡᠭ ᠢ᠋ ᠤᠴᠠᠷᠠᠭᠤᠯᠵᠠᠢ᠃  ᠁ᠪᠢ ᠬᠠᠷᠠᠮᠰᠠᠵᠤ ᠭᠡᠮᠰᠢᠬᠦ ᠳᠦ ᠪᠡᠨ ᠲᠡᠭᠦᠨ ᠳ᠋ᠦ᠍ ᠪᠤᠷᠤᠭᠤ ᠮᠡᠳᠡᠬᠦ ᠪᠡᠷ ᠣᠴᠢᠬᠤ ᠳ᠋ᠤ᠌ ᠲᠡᠷᠡ ᠬᠠᠷᠢᠨ ᠨᠠᠮ᠎ᠠ ᠶᠢ ᠵᠢᠭᠠᠬᠠᠨ ᠴᠤ᠌ ᠵᠢᠮᠡᠯᠡᠵᠦ ᠪᠤᠷᠤᠭᠤᠳᠬᠠᠭᠰᠠᠨ ᠦᠭᠡᠢ ᠪᠢᠯᠡ ᠁ 
       ᠦᠳᠡ ᠶ᠋ᠢᠨ ᠠᠮᠠᠷᠠᠯᠲᠠ ᠶ᠋ᠢᠨ ᠬᠣᠶᠠᠷᠬᠠᠨ ᠴᠠᠭ ᠳᠠᠭᠤᠰᠴᠤ ᠲᠡᠳᠡᠨ ᠦ᠌ ᠶᠠᠷᠢᠯᠴᠠᠭ᠎ᠠ ᠵᠠᠪᠰᠠᠷᠯᠠᠬᠤ ᠪᠣᠯᠤᠯ᠎ᠠ᠃  
       ᠶᠠᠷᠢᠶᠠᠨ ᠦᠭᠡᠢ ᠲᠦᠪᠰᠢᠨ ᠪᠠᠰᠠ ᠣᠯᠠᠨ ᠶᠠᠭᠤᠮ᠎ᠠ ᠠᠰᠠᠭᠤᠵᠤ ᠣᠢᠯᠠᠭᠠᠬᠤ ᠰᠠᠨᠠᠭᠠᠲᠠᠢ ᠪᠠᠢᠬᠤ ᠨᠢ ᠰᠢᠷ᠎ᠠ ᠨᠢᠳᠦᠨ ᠡᠴᠡ ᠨᠢ ᠰᠠᠴᠤᠷᠠᠭᠰᠠᠨ ᠬᠦᠰᠡᠯ ᠦ᠋ᠨ ᠭᠡᠷᠡᠯ ᠡᠴᠡ ᠦᠵᠡᠵᠦ ᠭᠠᠷᠴᠤ ᠪᠣᠯᠤᠨ᠎ᠠ᠃  ᠲᠡᠭᠡᠭᠡᠳ ᠲᠡᠷᠡ ᠰᠡᠭᠦᠯᠡᠷ ᠨᠢᠭᠡ ᠴᠢᠯᠥᠭᠡ ᠴᠠᠭ ᠣᠯᠵᠤ ᠸᠠᠩ ᠯᠠᠨ ᠬᠤᠸᠠ ᠲᠠᠢ ᠲᠠᠬᠢᠵᠤ ᠶᠠᠷᠢᠯᠴᠠᠬᠤ ᠪᠠᠷ ᠪᠣᠯᠵᠣᠭ᠎ᠠ ᠲᠣᠭᠲᠠᠭᠠᠳ ᠭᠠᠷᠴᠤ ᠶᠠᠪᠤᠵᠠᠢ᠃  

            ᠤᠩᠰᠢᠭᠰᠠᠨ ᠨᠢ᠄ ᠴᠡᠴᠡᠭᠮ᠎ᠠ