ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ < ᠠᠷᠪᠠᠨ ᠭᠤᠷᠪᠠ > Хялгасан дөрөөн дээр – Хасвулаг зохиов <13>
ᠬᠢᠯᠭᠠᠰᠤᠨ ᠳᠥᠷᠥᠭᠡᠨ ᠳᠡᠭᠡᠷ᠎ᠡ - < ᠠᠷᠪᠠᠨ ᠭᠤᠷᠪᠠ >
ᠲᠦᠪᠰᠢᠨ᠂ ᠣᠷᠴᠢᠮ ᠤ᠋ᠨ ᠡᠳᠦᠷ ᠦ᠋ᠳ ᠲᠦ᠍ ᠪᠠᠢᠴᠠᠭᠠᠯᠲᠠ ᠳᠤ ᠪᠠᠨ ᠲᠣᠯᠣᠭᠠᠢ ᠥᠨᠳᠡᠢᠯ ᠦᠭᠡᠢ ᠶᠠᠭᠠᠷᠠᠭᠰᠠᠭᠠᠷ ᠯᠠ ᠪᠠᠢᠯ᠎ᠠ᠃ ᠲᠡᠷᠡ ᠡᠮᠨᠡᠯᠭᠡ ᠶ᠋ᠢᠨ ᠬᠣᠷᠢᠶᠠᠨ ᠳ᠋ᠤ᠌ ᠣᠴᠢᠵᠤ ᠭᠥᠯᠥᠭᠡ ᠲᠡᠢ ᠶᠠᠷᠢᠯᠴᠠᠬᠤ ᠤᠴᠢᠷ ᠢ᠋ᠶ᠋ᠠᠨ ᠦᠷᠭᠦᠯᠵᠢᠯᠡᠨ ᠪᠣᠳᠣᠭᠰᠠᠭᠠᠷ ᠪᠠᠢᠵᠤ᠂ ᠳᠠᠬᠢᠭᠠᠳ ᠨᠢᠭᠡ ᠵᠠᠪᠰᠢᠶᠠᠨ ᠲᠠᠭᠠᠷᠠᠭᠰᠠᠨ ᠨᠢ ᠲᠠᠪᠤᠨ ᠡᠳᠦᠷ ᠦ᠋ᠨ ᠳᠠᠷᠠᠭ᠎ᠠ ᠪᠣᠯᠵᠠᠢ᠃
ᠲᠡᠷᠡ ᠭᠥᠯᠥᠭᠡ ᠰᠠᠯᠠᠭᠠᠨ ᠳᠠᠷᠤᠭ᠎ᠠ ᠠ᠋ᠴᠠ ᠭᠣᠣᠯᠳᠠᠭᠤ ᠦᠵᠡᠰᠬᠦᠯᠡᠩ ᠦ᠋ᠨ ᠴᠠᠯᠢᠩ ᠤ᠋ᠨ ᠠᠰᠠᠭᠤᠳᠠᠯ ᠪᠠ ᠬᠥᠮᠦᠨ ᠦ᠌ ᠬᠣᠭᠣᠷᠣᠨᠳᠣᠬᠢ ᠬᠠᠷᠢᠴᠠᠭᠠᠨ ᠤ᠋ ᠪᠠᠢᠳᠠᠯ ᠢ᠋ ᠣᠢᠯᠠᠭᠠᠬᠤ ᠶ᠋ᠢ ᠬᠦᠰᠡᠪᠡᠯ᠂ ᠭᠥᠯᠥᠭᠡ ᠲᠡᠭᠦᠨ ᠳ᠋ᠦ᠍ ᠪᠠᠢᠳᠠᠯ ᠢ᠋ ᠬᠠᠷᠢᠭᠤ ᠮᠡᠳᠡᠭᠦᠯᠦᠭᠰᠡᠨ ᠪᠢᠴᠢᠭ ᠪᠢᠴᠢᠨ ᠲᠤᠰᠢᠶᠠᠪᠠ᠃ ᠲᠡᠷᠡ ᠬᠦ᠌ ᠪᠢᠴᠢᠭ ᠲᠤ ᠪᠠᠨ᠄
ᠬᠣᠪᠣᠷᠬᠠᠨ ᠲᠣᠬᠢᠶ᠊ᠨᠯᠳᠤᠳᠠᠭ ᠴᠠᠯᠢᠩ ᠬᠥᠯᠥᠰᠥ ᠨᠡᠮᠡᠬᠦ ᠵᠠᠪᠰᠢᠶᠠᠨ ᠳᠠᠬᠢᠭᠠᠳ ᠨᠢᠭᠡ ᠢᠷᠡᠭᠰᠡᠨ ᠨᠢ ᠨᠢᠳᠤᠨᠤᠨ ᠤ᠋ ᠳᠣᠣᠷ᠎ᠠ ᠬᠠᠭᠠᠰ ᠵᠢᠯ ᠳ᠋ᠦ᠍ ᠪᠢᠯᠡ᠃
ᠲᠣᠭᠲᠠᠭᠠᠯ ᠵᠤᠷᠪᠤᠰ ᠢ᠋ᠶ᠋ᠠᠷ ᠪᠠᠷᠢᠮᠵᠢᠶᠠᠯᠠᠪᠠᠯ ᠦᠵᠡᠰᠬᠦᠯᠡᠩ ᠡᠨᠡ ᠤᠳᠠᠭ᠎ᠠ ᠬᠣᠶᠠᠷ ᠳᠡᠰ ᠥᠰᠬᠦ ᠨᠢ ᠨᠡᠭᠡᠷᠡᠨ ᠵᠣᠬᠢᠰᠲᠠᠢ ᠪᠠᠢᠭᠰᠠᠨ᠃ ᠭᠡᠲᠡᠯ᠎ᠡ ᠰᠢᠢᠳᠬᠡᠯ ᠲᠡᠢ ᠮᠥᠷᠲᠡᠭᠡᠨ ᠲᠥᠯᠥᠪᠦᠷᠢ ᠪᠡᠨ ᠥᠭᠴᠦ ᠪᠠᠷᠠᠭᠠᠳᠤᠢ ᠭᠡᠰᠡᠨ ᠰᠢᠯᠲᠠᠭ ᠢ᠋ᠶ᠋ᠠᠷ ᠠᠵᠢᠯᠲᠠᠨ ᠤ᠋ ᠰᠠᠯᠠᠭᠠᠨ ᠠ᠋ᠴᠠ ᠥᠭᠭᠦᠭᠰᠡᠨ ᠮᠡᠳᠡᠭᠦᠯᠦᠯᠲᠡ ᠶ᠋ᠢ ᠬᠡᠳᠦᠨ ᠡᠳᠦᠷ ᠦ᠋ᠨ ᠳᠠᠷᠠᠭ᠎ᠠ ᠨᠠᠮ ᠤ᠋ᠨ ᠬᠣᠷᠢᠶᠠᠨ ᠳ᠋ᠤ᠌ ᠥᠭᠴᠦ ᠶᠠᠷᠢᠯᠴᠠᠭᠤᠯᠤᠭᠠᠳ ᠬᠦᠴᠦᠨ ᠦᠭᠡᠢ ᠪᠣᠯᠭᠠᠵᠠᠢ᠃
ᠭᠡᠲᠡᠯ᠎ᠡ ᠮᠠᠰᠢ ᠰᠣᠨᠢᠬᠠᠨ ᠨᠢ ᠴᠠᠯᠢᠩ ᠨᠡᠮᠡᠬᠦ ᠠᠵᠢᠯ ᠨᠢᠭᠡᠨᠲᠡ ᠳᠠᠭᠤᠰᠴᠤ ᠵᠠᠷᠢᠮ ᠦᠯᠡᠳᠡᠭᠳᠡᠭᠰᠡᠨ ᠠᠰᠠᠭᠤᠳᠠᠯ ᠢ᠋ ᠶᠠᠷᠢᠯᠴᠠᠬᠤ ᠦᠶ᠎ᠡ ᠳ᠋ᠦ᠍᠂ ᠨᠢᠦ ᠳᠡᠳ᠋ ᠬᠣᠷᠢᠶᠠᠨ ᠳᠠᠷᠤᠭ᠎ᠠ ᠦᠵᠡᠰᠬᠦᠯᠡᠩ ᠦ᠋ᠨ ᠨᠡᠷ᠎ᠡ ᠶ᠋ᠢ ᠳᠤᠷᠠᠳᠤᠨ ᠳᠠᠬᠢᠨ ᠶᠠᠷᠢᠯᠴᠠᠭᠤᠯᠬᠤ ᠳ᠋ᠤ᠌ ᠪᠦᠭᠦᠳᠡᠭᠡᠷ ᠢ᠋ᠶ᠋ᠡᠨ ᠵᠥᠪᠰᠢᠶᠡᠷᠡᠭᠰᠡᠨ ᠲᠤᠯᠠ ᠳᠡᠭᠡᠭᠰᠢ ᠮᠡᠳᠡᠭᠦᠯᠦᠭᠡᠳ ᠮᠠᠰᠢ ᠬᠢᠯᠪᠠᠷ ᠢ᠋ᠶ᠋ᠠᠷ ᠬᠣᠶᠠᠷ ᠳᠡᠰ ᠵᠥᠪᠰᠢᠶᠡᠷᠡᠭᠳᠡᠵᠦ ᠵᠢᠯ ᠭᠠᠷᠤᠢ ᠶ᠋ᠢᠨ ᠣᠰᠣᠯᠳᠠᠯ ᠢ᠋ ᠨᠢ ᠶᠣᠰᠣᠭᠠᠷ ᠨᠢ ᠨᠥᠬᠥᠪᠥᠷᠢᠯᠡᠬᠦ ᠳ᠋ᠦ᠍ ᠡᠮᠦᠨ᠎ᠡ ᠬᠣᠢᠨ᠎ᠠ ᠠᠷᠠᠢ ᠨᠢᠭᠡ ᠭᠠᠷᠠᠭ ᠴᠤ᠌ ᠪᠣᠯᠤᠭᠰᠠᠨ ᠦᠭᠡᠢ ᠪᠠᠢᠯ᠎ᠠ᠃ ᠳᠤᠲᠠᠭᠤ ᠬᠤᠪᠢᠳᠠᠨ ᠤ᠋ ᠲᠡᠮᠲᠡᠴᠢᠬᠦ ᠨᠢ ᠲᠠᠰᠤᠷᠠᠯ ᠦᠭᠡᠢ ᠭᠡᠭᠴᠢ ᠦᠨᠡᠨ ᠦᠭᠡ᠃ ᠬᠡᠴᠢᠨᠡᠭᠡᠨ ᠵᠢᠯ ᠣᠰᠣᠯᠳᠠᠭᠰᠠᠨ ᠴᠠᠯᠢᠩ ᠤ᠋ᠨ ᠳᠡᠰ ᠠᠷᠠᠢ ᠯᠠ ᠰᠢᠢᠳᠪᠦᠷᠢᠯᠡᠭᠳᠡᠲᠡᠯᠡ ᠡᠨᠡ ᠡᠷ᠎ᠡ ᠡᠮ᠎ᠡ ᠬᠣᠶᠠᠭᠤᠯᠠ ᠶ᠋ᠢᠨ ᠬᠠᠷᠢᠴᠠᠭ᠎ᠠ ᠡᠪᠳᠡᠷᠡᠨ ᠵᠥᠷᠢᠴᠡᠯ ᠰᠢᠷᠦᠭᠦᠰᠦᠯᠡ᠃ ᠠᠬᠠᠳᠠᠪᠠᠯ ᠴᠢᠰᠤ ᠨᠥᠵᠢ ᠭᠠᠷᠲᠠᠯ᠎ᠠ ᠵᠣᠳᠣᠯᠴᠠᠨ ᠨᠦᠳᠦᠯᠴᠡᠵᠦ᠂ ᠴᠢᠨᠠᠭᠰᠢ ᠵᠠᠭᠤᠷᠠᠨ ᠲᠠᠲᠠᠯᠴᠠᠭᠰᠠᠭᠠᠷ ᠬᠠᠮᠢᠶ᠎ᠠ ᠪᠦᠬᠦᠢ ᠪᠠᠢᠭᠤᠯᠭ᠎ᠠ ᠳ᠋ᠤ᠌ ᠭᠦᠷᠦᠨ ᠤᠷᠤᠭ ᠰᠠᠯᠬᠤ ᠪᠠᠷ ᠭᠤᠶᠤᠴᠢᠯᠠᠬᠤ ᠨᠢ ᠦᠷᠭᠦᠯᠵᠢ ᠬᠠᠷᠠᠭᠳᠠᠬᠤ ᠪᠣᠯᠤᠯ᠎ᠠ᠃ ᠵᠠᠷᠢᠮ ᠳᠤ ᠪᠠᠨ ᠲᠡᠰᠪᠦᠷᠢ ᠰᠠᠢᠲᠠᠢ ᠪᠣᠯᠤᠷᠴᠠᠭᠠᠨ ᠨᠡᠭᠡᠷᠡᠨ ᠥᠪᠡᠷ ᠦ᠋ᠨ ᠠᠭᠤᠷ ᠬᠢᠯᠢᠩ ᠢ᠋ᠶ᠋ᠡᠨ ᠳᠠᠷᠤᠵᠤ ᠶᠠᠳᠠᠨ ᠲᠡᠰᠪᠦᠷᠢᠯᠡᠬᠦᠶ᠎ᠡ ᠪᠡᠷᠬᠡ ᠬᠡᠮᠵᠢᠶᠡᠨ ᠳ᠋ᠦ᠍ ᠬᠦᠷᠴᠦ ᠬᠢᠲᠤᠭ᠎ᠠ ᠰᠢᠪᠦᠭᠡ ᠬᠥᠳᠡᠯᠭᠡᠨ ᠠᠯᠠᠵᠤ ᠪᠤᠯᠠᠮᠠᠷ ᠠᠭᠠᠰᠢᠯᠠᠬᠤ ᠳ᠋ᠤ᠌᠂ ᠠᠢᠯ ᠬᠥᠷᠰᠢ ᠨᠢ ᠴᠤ᠌ ᠬᠡᠷᠡᠭ ᠦ᠋ᠨ ᠡᠭᠦᠰᠦᠯᠲᠡ ᠶ᠋ᠢᠨ ᠰᠢᠯᠲᠠᠭᠠᠨ ᠨᠢ ᠪᠦᠷ ᠦᠵᠡᠰᠬᠦᠯᠡᠩ ᠳ᠋ᠦ᠍ ᠰᠡᠭᠦᠯᠴᠢ ᠶ᠋ᠢᠨ ᠬᠤᠭᠤᠴᠠᠭᠠᠨ ᠳ᠋ᠤ᠌ ᠣᠯᠭᠣᠭᠰᠠᠨ ᠬᠣᠶᠠᠷ ᠲᠠᠰ ᠤ᠋ᠨ ᠴᠠᠯᠢᠩ ᠢ᠋ ᠪᠣᠯᠤᠷᠴᠠᠭᠠᠨ ᠴᠡᠪᠡᠷ ᠪᠤᠰᠤ ᠪᠠᠷ ᠢᠷᠡᠯ᠎ᠡ ᠭᠡᠵᠦ ᠰᠡᠵᠢᠭᠯᠡᠭᠰᠡᠨ ᠡᠴᠡ ᠪᠣᠯᠤᠯ᠎ᠠ ᠭᠡᠳᠡᠭ᠃ ᠡᠨᠡ ᠦᠨᠡᠬᠡᠷ ᠬᠡᠳᠦᠢ ᠬᠢᠯᠢᠰ ᠭᠡᠪᠡᠯ ᠲᠡᠳᠦᠢ ᠯᠡ ᠬᠢᠯᠢᠰ ᠪᠠᠢᠭᠰᠠᠨ᠃
ᠲᠡᠭᠦᠨ ᠳ᠋ᠦ᠍ ᠳᠡᠰ ᠵᠡᠷᠭᠡ ᠨᠡᠮᠡᠭᠰᠡᠨ ᠨᠢ ᠳᠡᠭᠡᠷᠡᠬᠢ ᠶ᠋ᠢᠨ ᠳᠦᠷᠢᠮ ᠲᠣᠭᠲᠠᠭᠠᠯ ᠶᠣᠰᠣᠭᠠᠷ ᠵᠣᠬᠢᠶᠠᠨ ᠪᠠᠢᠭᠤᠯᠤᠯᠲᠠ ᠠ᠋ᠴᠠ ᠶᠠᠷᠢᠯᠴᠠᠵᠤ ᠲᠣᠬᠢᠷᠠᠭᠰᠠᠨ ᠶᠠᠪᠤᠳᠠᠯ ᠶᠤᠮ᠃ ᠭᠡᠲᠡᠯ᠎ᠡ ᠡᠷ᠎ᠡ ᠨᠢ ᠡᠬᠡᠨᠡᠷ ᠢ᠋ᠶ᠋ᠡᠨ ᠰᠡᠵᠢᠭᠯᠡᠬᠦ ᠶ᠋ᠢ ᠡᠨᠡ ᠶᠢᠷᠲᠢᠨᠴᠦ ᠳ᠋ᠦ᠍ ᠬᠡᠨ ᠬᠣᠷᠢᠭᠯᠠᠵᠤ ᠴᠢᠳᠠᠬᠤ ᠪᠣᠢ? ᠦᠵᠡᠰᠬᠦᠯᠡᠩ ᠭᠡᠭᠴᠢ ᠡᠢᠮᠦ ᠯᠡ ᠨᠢᠮᠭᠡᠨ ᠬᠤᠪᠢ ᠵᠠᠶᠠᠭ᠎ᠠ ᠲᠠᠢ ᠥᠭᠡᠳᠡ ᠦᠭᠡᠢ ᠡᠬᠡᠨᠡᠷ ᠳᠡ᠃
ᠠᠮᠢᠳᠤᠷᠠᠯ ᠤ᠋ᠨ ᠪᠤᠳᠤᠯᠢᠶᠠᠨ ᠪᠠᠷᠠᠭᠳᠠᠰᠢ ᠦᠭᠡᠢ ᠭᠡᠬᠦ ᠳ᠋ᠦ᠍ ᠭᠡᠷ ᠪᠦᠯᠢ ᠨᠡᠩ ᠴᠤ᠌ ᠣᠢᠯᠠᠭᠠᠭᠳᠠᠰᠢ ᠦᠭᠡᠢ ᠪᠠᠢᠳᠠᠭ ᠶᠤᠮ ᠪᠠᠢᠨ᠎ᠠ᠃ ᠶᠡᠷᠦ ᠨᠢ ᠳᠣᠣᠷ᠎ᠠ ᠴᠠᠯᠢᠩ ᠬᠦᠴᠢᠷ ᠠᠮᠢᠳᠤᠷᠠᠯ ᠠ᠋ᠴᠠ ᠪᠠᠨ ᠰᠠᠯᠵᠤ ᠡᠨᠡ ᠠᠢᠯ ᠵᠢᠭᠠᠬᠠᠨ ᠳᠡᠭᠵᠢᠷᠡᠬᠦ ᠲᠡᠢᠰᠢ ᠬᠠᠨᠳᠤᠬᠤ ᠳ᠋ᠤ᠌ ᠳᠡᠯᠪᠡᠷᠡᠯ ᠡᠭᠦᠰᠦᠯ᠎ᠡ᠃ ᠬᠥᠮᠦᠰ ᠦ᠋ᠨ ᠬᠡᠯᠡᠬᠦ ᠪᠡᠷ ᠦᠵᠡᠰᠬᠦᠯᠡᠩ ᠠᠯᠢ ᠨᠢᠭᠡ ᠨᠣᠶᠠᠨ ᠲᠣᠯᠣᠭᠠᠢᠲᠤ ᠶ᠋ᠢ ᠶᠠᠮᠠᠷ ᠡᠳᠦᠷ ᠪᠤᠷᠤᠭᠤ ᠲᠠᠬᠢᠭᠰᠠᠨ ᠪᠤᠯ? ᠲᠣᠯᠣᠭᠠᠢ ᠥᠨᠳᠡᠢᠵᠦ ᠴᠢᠳᠠᠬᠤ ᠦᠭᠡᠢ ᠨᠢ ᠭᠡᠵᠡᠭᠡᠳᠡᠭ ᠶᠦᠮ᠃
ᠭᠡᠪᠡᠴᠦ ᠡᠳᠦᠢ ᠲᠡᠳᠦᠢ ᠬᠥᠮᠦᠨ ᠠᠩᠬᠠᠷᠴᠤ ᠠᠵᠢᠭᠯᠠᠭᠰᠠᠨ ᠪᠣᠯᠪᠠᠴᠤ ᠣᠷᠣ ᠲᠠᠢ ᠲᠤᠯᠭᠠᠬᠤ ᠤᠴᠢᠷ ᠰᠢᠯᠲᠠᠭᠠᠨ ᠶᠠᠭ ᠦᠭᠡᠢ ᠪᠠᠢᠭᠰᠠᠨ᠃ ᠮᠣᠭᠠᠢ ᠶ᠋ᠢᠨ ᠡᠷᠢᠶᠡᠨ ᠭᠠᠳᠠᠨ᠎ᠠ ᠪᠠᠨ᠂ ᠬᠥᠮᠦᠨ ᠦ᠌ ᠡᠷᠢᠶᠡᠨ ᠳᠣᠲᠣᠷ᠎ᠠ ᠪᠠᠨ ᠭᠡᠭᠴᠢ ᠪᠡᠷ ᠬᠥᠮᠦᠨ ᠬᠥᠮᠦᠨ ᠦ᠌ ᠬᠣᠭᠣᠷᠣᠨᠳᠣᠬᠢ ᠬᠠᠷᠢᠴᠠᠭ᠎ᠠ ᠬᠣᠯᠪᠣᠭ᠎ᠠ ᠶ᠋ᠢ ᠬᠡᠨ ᠯᠡ ᠲᠣᠳᠣᠷᠬᠠᠢ ᠲᠣᠯᠢᠳᠠᠵᠤ ᠴᠢᠳᠠᠬᠤ ᠪᠣᠢ᠃
ᠠᠷᠭᠠᠳᠠᠵᠤ ᠪᠠᠢᠭᠠᠳ ᠠᠷᠤ ᠠ᠋ᠴᠠ ᠨᠢ ᠬᠢᠲᠤᠭᠠᠯᠠᠬᠤ᠂ ᠢᠨᠢᠶᠡᠵᠦ ᠪᠠᠢᠭᠠᠳ ᠡᠮᠦᠨ᠎ᠡ ᠡᠴᠡ ᠨᠢ ᠲᠦᠭᠦᠰᠢᠯᠡᠬᠦ ᠡᠷᠡᠰ ᠦ᠋ᠳ ᠡᠨᠡ ᠬᠣᠷᠸ᠎ᠠ ᠳ᠋ᠤ᠌ ᠪᠠᠢᠳᠠᠭ ᠪᠣᠯᠪᠠᠴᠤ ᠡᠨᠳᠡᠬᠢ ᠶ᠋ᠢᠨ ᠲᠠᠨᠢᠳᠠᠭ ᠳᠠᠷᠤᠭ᠎ᠠ ᠨᠠᠷ ᠢ᠋ ᠢᠩᠭᠢᠵᠦ ᠪᠠᠷᠤᠭᠯᠠᠪᠠᠯ ᠥᠩᠭᠡᠷᠡᠦ ᠰᠢᠭ ᠰᠠᠨᠠᠭᠲᠠᠬᠤ ᠶᠤᠮ᠃ ᠨᠢᠦ ᠬᠣᠷᠢᠶᠠᠨ ᠳᠠᠷᠤᠭ᠎ᠠ ᠶ᠋ᠢᠨ ᠵᠠᠩ ᠨᠢ ᠨᠢᠭᠦᠯ ᠬᠤᠷᠢᠶᠠᠮᠠᠷ ᠳᠣᠭᠰᠢᠨ ᠬᠡᠭᠵᠢᠭᠦᠨ ᠴᠤ᠌ ᠳᠣᠲᠣᠷ᠎ᠠ ᠭᠠᠳᠠᠷ ᠨᠢ ᠭᠡᠷᠡᠯᠲᠦᠮᠡᠷ ᠠᠰᠬᠠᠨ ᠰᠢᠯᠤᠭᠤᠨ ᠢ᠋ ᠪᠢᠰᠢᠷᠡᠮᠡᠷ ᠪᠠᠢᠳᠠᠭ ᠨᠢ ᠴᠤ᠌ ᠶᠠᠭ ᠦᠭᠡᠢ ᠦᠨᠡᠨ᠃ ᠬᠡᠳᠦᠢ ᠦᠵᠡᠰᠬᠦᠯᠡᠩ ᠳ᠋ᠦ᠍ ᠰᠢᠢᠳᠬᠡᠯ ᠣᠯᠭᠣᠨ ᠵᠣᠭᠣᠰ ᠲᠥᠯᠥᠭᠦᠯᠬᠦ ᠳ᠋ᠦ᠍ ᠵᠢᠭᠲᠡᠢ ᠰᠢᠭᠤᠷᠬᠠᠢ ᠨᠢᠭᠤᠷᠯᠠᠭᠰᠠᠨ ᠴᠤ᠌᠂ ᠶᠣᠰᠣᠲᠠᠢ ᠠᠵᠢᠯ ᠦᠢᠯᠡᠰ ᠠᠯᠪᠠ ᠰᠠᠬᠢᠯᠭ᠎ᠠ ᠶ᠋ᠢᠨ ᠬᠦᠷᠢᠶ᠎ᠡ ᠬᠡᠪᠴᠢᠶ᠎ᠡ ᠳ᠋ᠦ᠍ ᠪᠠᠢᠵᠤ᠂ ᠬᠤᠪᠢ ᠶ᠋ᠢᠨ ᠬᠠᠷᠢᠴᠠᠭ᠎ᠠ ᠪᠠᠷ ᠢ᠋ᠶ᠋ᠠᠨ ᠵᠠᠭᠤᠢ ᠵᠦᠭᠡᠷ ᠨᠢ ᠮᠡᠳᠡᠭᠳᠡᠳᠡᠭ᠃
ᠬᠣᠲᠠ ᠶ᠋ᠢᠨ ᠣᠷᠣᠨ ᠰᠠᠭᠤᠴᠠ ᠬᠠᠮᠢᠶᠠᠷᠬᠤ ᠭᠠᠵᠠᠷ ᠠ᠋ᠴᠠ ᠲᠤᠰ ᠬᠣᠷᠢᠶᠠᠨ ᠳ᠋ᠤ᠌ ᠥᠨᠳᠥᠷ ᠵᠡᠷᠭᠡ ᠶ᠋ᠢᠨ ᠬᠣᠶᠠᠷ ᠭᠡᠷ ᠬᠤᠪᠢᠶᠠᠭᠰᠠᠨ ᠨᠢ ᠣᠷᠴᠢᠮ ᠤ᠋ᠨ ᠵᠢᠯ ᠦ᠋ᠳ ᠲᠦ᠍ ᠠᠩᠬ᠎ᠠ ᠤᠳᠠᠭ᠎ᠠ ᠪᠣᠯᠪᠠ᠃ ᠭᠡᠷ ᠨᠢ ᠳᠤᠭᠤᠢ ᠲᠡᠷᠭᠡ ᠡᠷᠭᠢᠯᠳᠦᠮᠡᠷ ᠠᠭᠤᠵᠢᠮ ᠶᠡᠬᠡ ᠮᠥᠷᠲᠡᠭᠡᠨ ᠪᠦᠷᠢᠨ ᠪᠠᠷᠠᠭᠠᠲᠤ ᠬᠤᠳᠠᠯᠳᠤᠭ᠎ᠠ ᠬᠢᠭᠡᠳ ᠨᠣᠭᠣᠭᠠᠨ ᠤ᠋ ᠳᠡᠯᠭᠡᠭᠦᠷ ᠡᠴᠡ ᠬᠣᠯᠠ ᠦᠭᠡᠢ ᠪᠠᠢᠷᠢᠯᠠᠵᠤ ᠪᠠᠢᠳᠠᠭ᠂ ᠶᠠᠩᠵᠤ ᠮᠠᠶᠢᠭ ᠬᠢᠭᠡᠳ ᠪᠠᠷᠢᠯᠭ᠎ᠠ ᠶ᠋ᠢᠨ ᠴᠢᠨᠠᠷ ᠢ᠋ᠶ᠋ᠠᠷ ᠴᠤ᠌ ᠡᠨᠡ ᠬᠣᠲᠠ ᠳ᠋ᠠᠭᠠᠨ ᠲᠡᠷᠢᠭᠦᠨ ᠪᠠᠢᠷᠢᠨ ᠳ᠋ᠤ᠌ ᠣᠷᠣᠨ᠎ᠠ᠃ ᠬᠣᠷᠢᠶᠠᠨ ᠳᠠᠷᠤᠭ᠎ᠠ ᠨᠠᠷ ᠪᠣᠯᠤᠨ ᠶᠡᠬᠡ ᠪᠠᠭ᠎ᠠ ᠬᠡᠷᠭᠡᠮᠲᠡᠨ ᠦ᠌ ᠨᠢᠳᠦ ᠪᠦᠷ ᠡᠨᠡ ᠭᠡᠷ ᠳᠡᠭᠡᠷ᠎ᠡ ᠤᠯᠠᠭᠠᠨ ᠢ᠋ᠶ᠋ᠠᠷ ᠡᠷᠭᠢᠯᠳᠦᠵᠦ ᠪᠠᠢᠭᠰᠠᠨ᠃ ᠭᠡᠲᠡᠯ᠎ᠡ ᠪᠢᠲᠡᠭᠦᠦ ᠬᠡᠷᠡᠭ ᠢ᠋ ᠴᠠᠭᠠᠨ᠎ᠠ ᠠ᠋ᠴᠠ ᠪᠠᠨ ᠳᠤᠷᠠᠯᠠᠭᠰᠠᠨ ᠰᠢᠭ᠋ ᠳᠣᠲᠣᠷ᠎ᠠ ᠪᠠᠨ ᠪᠣᠳᠣᠬᠤ ᠠ᠋ᠴᠠ ᠠᠮᠠᠨ ᠳᠤ ᠪᠠᠨ ᠳᠤᠤᠭᠠᠷᠴᠤ ᠴᠢᠳᠠᠬᠤ ᠦᠭᠡᠢ ᠪᠠᠢᠵᠠᠭᠠᠭᠰᠠᠨ ᠶᠤᠮ᠃
ᠰᠠᠨᠠᠭᠠᠨ ᠠ᠋ᠴᠠ ᠭᠠᠳᠠᠨ᠎ᠠ᠂ ᠨᠢᠦ ᠡᠪᠦᠭᠡᠨ ᠬᠠᠷᠢᠨ ᠨᠢᠭᠡ ᠭᠡᠷ ᠢ᠋ ᠨᠢ ᠦᠵᠡᠰᠬᠦᠯᠡᠩ ᠳ᠋ᠦ᠍ ᠲᠣᠬᠢᠷᠠᠭᠤᠯ ᠭᠡᠵᠦ ᠵᠠᠷᠯᠢᠭᠳᠠᠬᠤ ᠨᠢ ᠪᠢᠳᠡᠨ ᠳ᠋ᠦ᠍ ᠢᠲᠡᠭᠡᠭᠳᠡᠰᠢ ᠦᠭᠡᠢ ᠰᠠᠨᠠᠭᠳᠠᠭᠰᠠᠨ᠃ ᠦᠵᠡᠰᠬᠦᠯᠡᠩ᠂ ᠬᠡᠦᠬᠡᠨ ᠪᠠᠢᠬᠤ ᠳᠤ ᠪᠠᠨ ᠰᠢᠯᠵᠢᠵᠦ ᠣᠷᠣᠭᠰᠠᠨ ᠨᠢᠭᠡ ᠲᠠᠰᠤᠯᠭ᠎ᠠ ᠭᠡᠷ ᠲᠤ ᠪᠠᠨ ᠬᠣᠷᠢᠨ ᠵᠢᠯ ᠬᠠᠳᠠᠭᠠᠰᠤ ᠪᠣᠯᠤᠨ ᠰᠢᠷᠭᠤᠵᠤ ᠪᠠᠢᠬᠤ ᠳ᠋ᠤ᠌᠂ ᠨᠠᠭᠠᠳᠤ ᠵᠠᠬ᠎ᠠ ᠳᠤ ᠪᠠᠨ ᠬᠣᠶᠠᠷ ᠲᠠᠰᠤᠯᠭ᠎ᠠ ᠬᠠᠭᠤᠴᠢᠨ ᠭᠡᠷ ᠴᠤ᠌ ᠲᠣᠬᠢᠷᠠᠭᠤᠯᠵᠤ ᠥᠭᠳᠡᠭ ᠦᠭᠡᠢ ᠶ᠋ᠢ ᠨᠢ ᠬᠡᠨ ᠴᠤ᠌ ᠪᠦᠷ ᠲᠣᠪ ᠲᠣᠳᠣᠷᠬᠠᠢ ᠴᠡᠭᠡᠵᠢᠯᠡᠭᠰᠡᠭᠡᠷ᠃
ᠭᠡᠨᠡᠳᠲᠡ ᠥᠨᠥᠳᠥᠷ ᠦᠵᠡᠰᠬᠦᠯᠡᠩ ᠳ᠋ᠦ᠍ ᠡᠢᠮᠦ ᠣᠷᠣᠨ ᠪᠠᠢᠷᠢ ᠲᠣᠬᠢᠷᠠᠭᠤᠯᠤᠬᠤᠯᠠᠷ ᠠᠯᠢ ᠵᠦᠭ ᠡᠴᠡ ᠨᠠᠷᠠ ᠭᠠᠷᠤᠭᠰᠠᠨ ᠢ᠋ ᠥᠷᠯᠥᠭᠡ ᠯᠠᠪᠯᠠᠵᠤ ᠬᠠᠷᠠᠭᠰᠠᠨ ᠦᠭᠡᠢ ᠳᠦ ᠪᠡᠨ ᠬᠠᠷᠠᠮᠰᠠᠮᠠᠷ ᠪᠠᠢᠪᠠ᠃ ᠨᠢᠦ ᠡᠪᠦᠭᠡᠨ ᠴᠤ᠌ ᠰᠦᠷᠡᠬᠡᠢ ᠰᠢᠩᠭᠡᠨ ᠲᠠᠷᠢᠬᠢ ᠲᠠᠢ ᠭᠡᠵᠦ ᠮᠡᠳᠡ᠃ ᠪᠢᠳᠡᠨ ᠦ᠌ ᠡᠯᠳᠡᠪ ᠦ᠋ᠨ ᠲᠠᠭᠠᠮᠠᠭᠯᠠᠯ ᠢ᠋ ᠣᠯᠵᠤ ᠮᠡᠳᠡᠭᠰᠡᠨ ᠪᠣᠯᠤᠯᠲᠠᠢ᠃ ᠭᠡᠷ ᠬᠤᠪᠢᠶᠠᠭᠰᠠᠨ ᠶᠠᠪᠤᠳᠠᠯ ᠢ᠋ᠶ᠋ᠠᠨ ᠪᠢᠳᠡᠨ ᠳ᠋ᠦ᠍ ᠲᠣᠳᠣᠷᠬᠠᠢᠯᠠᠵᠤ ᠥᠭᠪᠡ᠃ ᠰᠢᠢᠳᠬᠡᠯ ᠪᠣᠯ ᠠᠵᠢᠯ ᠤ᠋ᠨ ᠠᠰᠠᠭᠤᠳᠠᠯ᠂ ᠭᠡᠷ ᠪᠣᠯ ᠠᠮᠢᠳᠤᠷᠠᠯ ᠤ᠋ᠨ ᠠᠰᠠᠭᠤᠳᠠᠯ᠂ ᠵᠠᠪᠠᠯ ᠢᠯᠭᠠᠭ᠎ᠠ ᠲᠠᠢ ᠪᠠᠢᠬᠤ ᠬᠡᠷᠡᠭᠲᠡᠢ᠃ ᠮᠠᠨ ᠤ᠋ ᠬᠣᠷᠢᠶᠠᠨ ᠳ᠋ᠤ᠌ ᠦᠵᠡᠰᠬᠦᠯᠡᠩ ᠰᠢᠭ ᠮᠡᠷᠭᠡᠵᠢᠯ ᠲᠡᠢ ᠡᠮᠴᠢ ᠣᠯᠠᠨ ᠦᠭᠡᠢ᠃ ᠡᠨᠡ ᠭᠡᠷ ᠢ᠋ ᠲᠡᠭᠦᠨ ᠳ᠋ᠦ᠍ ᠰᠢᠭᠤᠳ ᠲᠣᠬᠢᠷᠠᠭᠤᠯᠬᠤ ᠳ᠋ᠤ᠌ ᠪᠤᠯᠢᠶᠠᠯᠳᠤᠬᠤ ᠬᠥᠮᠦᠨ ᠬᠡᠨ ᠪᠠᠢᠨ᠎ᠠ ᠭᠡᠵᠦ ᠠᠰᠠᠭᠤᠬᠤ ᠳ᠋ᠤ᠌ ᠬᠠᠷᠢᠭᠤᠯᠬᠤ ᠦᠭᠡ ᠬᠡᠨ ᠳ᠋ᠦ᠍ ᠴᠤ᠌ ᠪᠠᠢᠭᠰᠠᠨ ᠦᠭᠡᠢ᠃ ᠾᠧᠩ! ᠮᠠᠨ ᠤ᠋ ᠤᠳᠤᠷᠢᠳᠤᠯᠭ᠎ᠠ ᠡᠮᠡᠭᠲᠡᠢ ᠰᠡᠬᠡᠭᠡᠲᠡᠨ ᠳ᠋ᠦ᠍ ᠬᠠᠷᠠᠭᠠᠯᠵᠠᠯ ᠤ᠋ᠨ ᠲᠥᠷᠥ ᠶ᠋ᠢᠨ ᠪᠣᠳᠣᠯᠭ᠎ᠠ ᠨᠠᠢᠳᠠᠪᠤᠷᠢᠵᠢᠭᠤᠯᠵᠤ ᠪᠠᠢᠨ᠎ᠠ᠃ ᠭᠡᠷ ᠥᠭᠭᠦᠭᠰᠡᠨ ᠨᠢ ᠪᠣᠳᠠᠲᠤ ᠠᠵᠢᠯᠯᠠᠭ᠎ᠠ ᠭᠡᠵᠦ ᠬᠡᠯᠡᠭᠡᠳ ᠠᠵᠢᠭ ᠴᠤ᠌ ᠦᠭᠡᠢ ᠴᠢᠨᠠᠭᠰᠢ ᠲᠠᠮᠪᠠᠰ ᠲᠠᠮᠪᠠᠰ ᠠᠯᠬᠤᠯᠠᠨ ᠠᠷᠢᠯᠬᠤ ᠳ᠋ᠤ᠌ ᠶᠠᠷᠢᠬᠤ ᠶᠣᠰᠣ ᠶ᠋ᠢ ᠨᠢ ᠪᠤᠷᠤᠭᠤ ᠭᠡᠬᠦ ᠶ᠋ᠢᠨ ᠠᠷᠭ᠎ᠠ ᠦᠭᠡᠢ᠂ ᠬᠠᠷᠢᠨ ᠴᠤ᠌ ᠰᠦᠷᠡᠬᠡᠢ ᠢᠲᠡᠭᠡᠭᠦᠯᠬᠦ ᠬᠦᠴᠦᠨ ᠲᠡᠢ ᠪᠠᠢᠭᠰᠠᠨ᠃ ᠬᠡᠷᠪᠡ ᠡᠨᠡ ᠵᠥᠷᠢᠭᠦᠳ ᠡᠪᠦᠭᠡᠨ ᠬᠣᠪ ᠤ᠋ᠨ ᠳᠣᠲᠣᠷ᠎ᠠ ᠲᠠᠢ ᠪᠠᠢᠭᠰᠠᠨ ᠪᠣᠯ ᠢᠩᠭᠢᠵᠦ ᠠᠰᠠᠭᠤᠳᠠᠯ ᠢ᠋ ᠵᠠᠷᠴᠢᠮ ᠲᠠᠢ ᠰᠢᠢᠳᠪᠦᠷᠢᠯᠡᠨ᠎ᠡ ᠭᠡᠭᠴᠢ ᠲᠡᠭᠷᠢ ᠳ᠋ᠦ᠍ ᠱᠠᠲᠤ ᠨᠡᠪᠲᠡᠷᠡᠭᠰᠡᠨ ᠭᠡᠵᠦ ᠮᠡᠳᠡ᠃
ᠤᠳᠠᠭᠠᠨ ᠵᠢᠯ ᠠᠵᠢᠯᠲᠠᠨ ᠤ᠋ ᠬᠡᠷᠡᠭ ᠢ᠋ ᠬᠠᠮᠢᠶᠠᠷᠤᠭᠰᠠᠨ ᠺᠧᠦ ᠳᠡᠳ᠋ ᠬᠣᠷᠢᠶᠠᠨ ᠳᠠᠷᠤᠭ᠎ᠠ ᠶ᠋ᠢᠨ ᠠᠭᠠᠰᠢ ᠵᠠᠩ ᠨᠢ ᠠᠵᠢᠯ ᠲᠤᠬᠠᠢᠯᠠᠯ ᠠ᠋ᠴᠠ ᠨᠢ ᠪᠣᠯᠤᠭᠰᠠᠨ ᠪᠣᠯᠤᠯᠲᠠᠢ᠃ ᠦᠭᠡ ᠬᠡᠯᠡᠬᠦ ᠨᠢ ᠬᠡᠵᠢᠶ᠎ᠡ ᠴᠤ᠌ ᠬᠠᠱᠠᠩ ᠦᠬᠡᠷ ᠰᠢᠭ ᠤᠳᠠᠭᠠᠨ᠂ ᠦᠭᠡ ᠦᠭᠡ ᠶᠢᠨ ᠬᠣᠭᠣᠷᠣᠨᠳᠣ ᠰᠤᠨᠵᠢᠷᠠᠬᠤ ᠨᠢ ᠮᠠᠷᠲᠠᠭᠰᠠᠨ ᠤ᠋ ᠬᠣᠢᠨ᠎ᠠ ᠬᠡᠯᠡᠵᠦ ᠪᠠᠢᠨ᠎ᠠ ᠭᠡᠮᠡᠷ᠃ ᠤᠷᠲᠤ ᠰᠢᠷ᠎ᠠ ᠴᠢᠷᠠᠢ ᠶ᠋ᠢᠨ ᠬᠢᠨᠢ ᠴᠢᠩᠭ᠎ᠠ ᠲᠥᠪᠯᠡᠭᠦᠨ ᠨᠢ ᠬᠦᠷᠡᠯ ᠲᠣᠭᠣᠭᠠᠨ ᠤ᠋ ᠬᠦ ᠲᠡᠢ ᠢᠷᠣᠭᠠᠷ ᠰᠢᠭ᠋ ᠪᠠᠢᠳᠠᠭ᠃ ᠬᠡᠨ ᠬᠥᠮᠦᠨ ᠲᠡᠢ ᠴᠤ᠌ ᠤᠷᠢᠳᠴᠢᠯᠠᠵᠤ ᠦᠭᠡ ᠳᠤᠤᠭᠠᠷᠬᠤ ᠨᠢ ᠴᠥᠭᠡᠨ ᠪᠠᠢᠳᠠᠭ᠃ ᠦᠵᠡᠰᠬᠦᠯᠡᠩ ᠲᠡᠢ ᠠᠯᠪᠠᠨ ᠭᠡᠷ ᠦ᠋ᠨ ᠡᠭᠦᠳᠡᠨ ᠳ᠋ᠦ᠍ ᠬᠠᠯᠵᠠ ᠲᠤᠯᠤᠭᠰᠠᠨ ᠴᠤ᠌ ᠠᠯᠢ ᠠᠯᠢᠨ ᠨᠢ ᠴᠤ᠌ ᠠᠮᠠ ᠨᠡᠭᠡᠭᠡᠬᠦ ᠦᠭᠡᠢ ᠵᠤᠳ ᠤ᠋ᠨ ᠴᠢᠷᠠᠢᠯᠠᠭᠠᠳ ᠥᠩᠭᠡᠷᠡᠬᠦ ᠶ᠋ᠢ ᠨᠢ ᠬᠠᠵᠠᠭᠤ ᠶ᠋ᠢᠨ ᠬᠥᠮᠦᠰ ᠦᠵᠡᠭᠡᠳ᠂ ᠡᠨᠡ ᠬᠣᠶᠠᠷ ᠴᠤ᠌ ᠭᠠᠯᠪᠠ ᠶ᠋ᠢᠨ ᠰᠡᠳᠬᠢᠯ ᠦ᠋ᠨ ᠵᠠᠩᠭᠢᠯᠠᠭ᠎ᠠ ᠲᠠᠢ ᠪᠠᠢᠭ᠎ᠠ ᠭᠡᠳᠡᠭ ᠨᠢ ᠪᠤᠷᠤᠭᠤ ᠪᠠᠢᠵᠠᠢ᠃
ᠬᠠᠷᠢᠭᠤᠴᠠᠯᠭ᠎ᠠ ᠲᠤᠯᠭᠠᠨ ᠦᠵᠡᠰᠬᠦᠯᠡᠩ ᠳ᠋ᠦ᠍ ᠰᠢᠢᠳᠬᠡᠯ ᠥᠭᠬᠦ ᠪᠡᠷ ᠰᠠᠨᠠᠯ ᠦᠵᠡᠯ ᠶᠠᠪ ᠴᠠᠪ ᠨᠢᠭᠡᠳᠬᠦ ᠲᠡᠷᠡ ᠠᠭᠱᠠᠨ ᠳ᠋ᠤ᠌ ᠭᠠᠭᠴᠠ ᠺᠧᠦ ᠳᠠᠷᠤᠭ᠎ᠠ ᠯᠠ ᠵᠥᠪᠰᠢᠶᠡᠷᠡᠬᠦ ᠦᠭᠡᠢ ᠦᠵᠡᠯᠲᠡ ᠪᠡᠨ ᠲᠡᠮᠳᠡᠭᠯᠡᠯ ᠳᠦ ᠪᠡᠨ ᠬᠣᠴᠣᠷᠭᠠᠭᠰᠠᠨ ᠪᠠᠢᠳᠠᠭ᠃
ᠲᠡᠭᠦᠨ ᠦ᠌ ᠳᠠᠷᠠᠭ᠎ᠠ ᠲᠦᠳᠡᠬᠡᠨ ᠲᠤᠰᠬᠠᠢᠯᠠᠨ ᠠᠵᠢᠯᠲᠠᠨ ᠤ᠋ ᠰᠠᠯᠠᠭᠠᠨ ᠳ᠋ᠤ᠌ ᠢᠷᠡᠨ ᠦᠵᠡᠰᠬᠦᠯᠡᠩ ᠦ᠋ᠨ ᠲᠡᠦᠬᠡ ᠨᠠᠮᠲᠠᠷ᠂ ᠣᠯᠠᠨ ᠤᠳᠠᠭᠠᠨ ᠤ᠋ ᠬᠥᠳᠡᠯᠭᠡᠭᠡᠨ ᠦ᠌ ᠳᠤᠮᠳᠠᠬᠢ ᠢᠯᠡᠷᠡᠯ᠂ ᠦᠢᠯᠡ ᠠᠵᠢᠯᠯᠠᠭ᠎ᠠ ᠶ᠋ᠢ ᠨᠢ ᠶᠠᠷᠢᠯᠴᠠᠵᠤ ᠣᠢᠯᠠᠭᠠᠭᠰᠠᠨ ᠤ᠋ ᠪᠠᠨ ᠳᠠᠷᠠᠭ᠎ᠠ᠂ ᠳᠡᠳ᠋ ᠬᠣᠷᠢᠶᠠᠨ ᠳᠠᠷᠤᠭ᠎ᠠ ᠪᠣᠯᠭᠠᠬᠤ ᠲᠤᠬᠠᠢ ᠰᠠᠨᠠᠯ ᠠᠰᠠᠭᠤᠬᠤ ᠨᠢ ᠦᠨᠡᠬᠡᠷ ᠨᠠᠭᠠᠳᠤᠮ ᠲᠣᠭᠯᠠᠭᠠᠮ ᠬᠢᠵᠦ ᠪᠠᠢᠭ᠎ᠠ ᠪᠣᠯᠪᠠ ᠤᠤ ᠭᠡᠮᠡᠷ ᠰᠠᠨᠠᠭᠳᠠᠭᠰᠠᠨ᠃ ᠴᠢᠷᠠᠢ ᠶ᠋ᠢ ᠨᠢ ᠰᠡᠮᠡᠬᠡᠷ ᠠᠵᠢᠭᠯᠠᠬᠤᠯ᠎ᠠ ᠴᠢᠩᠭ᠎ᠠ ᠲᠥᠪᠯᠡᠭᠦᠨ ᠣᠪᠣᠷ ᠢ᠋ᠶ᠋ᠠᠷ ᠶᠠᠷᠢᠯᠴᠠᠵᠤ ᠪᠠᠢᠭ᠎ᠠ ᠲᠤᠯᠠ ᠢᠲᠡᠭᠡᠬᠦ ᠦᠭᠡᠢ ᠪᠠᠢᠬᠤ ᠶ᠋ᠢᠨ ᠠᠷᠭ᠎ᠠ ᠦᠭᠡᠢ᠃ ᠦᠵᠡᠰᠬᠦᠯᠡᠩ ᠠᠵᠢᠯ ᠳ᠋ᠤ᠌ ᠣᠷᠣᠭᠰᠠᠨ ᠠ᠋ᠴᠠ ᠪᠠᠨ ᠠᠪᠤᠭᠠᠳ ᠣᠳᠣ ᠪᠣᠯᠲᠠᠯ᠎ᠠ ᠶᠠᠳᠠᠬᠤ ᠳ᠋ᠤ᠌ ᠳᠤᠭᠤᠢᠯᠠᠩ ᠤ᠋ᠨ ᠳᠠᠷᠤᠭ᠎ᠠ ᠴᠤ᠌ ᠪᠣᠯᠵᠤ ᠦᠵᠡᠭᠡ ᠦᠭᠡᠢ᠃ ᠲᠡᠭᠡᠭᠡᠳ ᠪᠠᠰᠠ ᠣᠳᠣ ᠰᠢᠢᠳᠬᠡᠯ ᠦ᠋ᠨ ᠬᠤᠭᠤᠴᠠᠭᠠᠨ ᠳᠤ ᠪᠠᠨ ᠪᠠᠢᠭ᠎ᠠ᠃ ᠢᠩᠭᠢᠭᠡᠳ ᠨᠢᠭᠡ ᠯᠡ ᠳᠡᠭᠡᠷ᠎ᠡ ᠳᠡᠳ᠋ ᠬᠣᠷᠢᠶᠠᠨ ᠳᠠᠷᠤᠭ᠎ᠠ ᠥᠭᠬᠦ ᠭᠡᠳᠡᠭ ᠨᠢ ᠶᠡᠷᠦ ᠨᠢ ᠰᠠᠨᠠᠭᠠᠨ ᠳ᠋ᠤ᠌ ᠦᠭᠡᠢ ᠬᠡᠷᠡᠭ ᠳᠡ᠃
ᠭᠡᠲᠡᠯ᠎ᠡ ᠡᠨᠡ ᠺᠧᠦ ᠣᠪᠣᠭᠲᠤ ᠠᠯᠢ ᠬᠡᠵᠢᠶᠡᠨ ᠦ᠌ ᠵᠣᠷᠢᠭ ᠰᠢᠭᠤᠳᠤᠭᠰᠠᠨ ᠶᠤᠮ ᠪᠠᠢᠨ᠎ᠠ᠃
ᠲᠡᠷᠡ ᠵᠠᠯᠠᠭᠤ ᠮᠥᠷᠲᠡᠭᠡᠨ ᠮᠡᠷᠭᠡᠵᠢᠯ ᠥᠨᠳᠥᠷ᠂ ᠣᠯᠠᠨ ᠳ᠋ᠠᠭᠠᠨ ᠬᠦᠷᠢᠶᠡᠯᠡᠯ ᠲᠡᠢ ᠡᠮᠴᠢ᠃ ᠨᠠᠮ ᠤ᠋ᠨ ᠭᠡᠰᠢᠭᠦᠨ ᠪᠢᠰᠢ ᠴᠤ᠌ ᠬᠠᠮᠢᠶ᠎ᠠ ᠦᠭᠡᠢ᠃ ᠬᠣᠷᠢᠶᠠᠨ ᠤ᠋ ᠳᠡᠳ᠋ ᠳᠠᠷᠤᠭ᠎ᠠ ᠪᠣᠯᠭᠠᠬᠤ ᠠ᠋ᠴᠠ ᠪᠢᠰᠢ ᠱᠦᠵᠢ ᠶ᠋ᠢᠨ ᠣᠷᠣᠨ ᠳᠡᠭᠡᠷ᠎ᠡ ᠲᠠᠯᠪᠢᠬᠤ ᠪᠢᠰᠢ ᠰᠢᠦ᠃ ᠵᠠᠰᠠᠭ ᠵᠠᠬᠢᠷᠭᠠᠨ ᠤ᠋ ᠲᠠᠯ᠎ᠠ ᠪᠠᠷ ᠨᠠᠮ ᠤ᠋ᠨ ᠭᠠᠳᠠᠨᠠᠬᠢ ᠡᠮᠡᠭᠲᠡᠢ ᠰᠡᠬᠡᠭᠡᠲᠡᠨ ᠢ᠋ ᠭᠠᠷᠭᠠᠬᠤ ᠨᠢ ᠨᠠᠮ ᠤ᠋ᠨ ᠺᠠᠳᠡᠷ ᠳᠡᠪᠰᠢᠭᠦᠯᠬᠦ ᠲᠥᠷᠥ ᠶ᠋ᠢᠨ ᠪᠣᠳᠣᠯᠭ᠎ᠠ ᠲᠠᠢ ᠨᠡᠢᠴᠡᠬᠦ ᠶᠦᠮ ᠭᠡᠵᠦ ᠰᠢᠭᠤᠳ ᠰᠢᠭᠤᠷᠬᠠᠢ ᠬᠡᠯᠡᠬᠦ ᠳ᠋ᠦ᠍ ᠬᠡᠨ ᠴᠤ᠌ ᠲᠠᠭ ᠳᠤᠭᠤᠢ ᠥᠩᠭᠡᠷᠡᠭᠰᠡᠨ ᠪᠢᠯᠡ᠃ ᠴᠠᠭᠠᠳᠤᠬᠢ ᠨᠠᠮ ᠤ᠋ᠨ ᠬᠤᠷᠠᠯ ᠢ᠋ᠶ᠋ᠠᠷ ᠢᠩᠭᠢᠵᠦ ᠬᠢᠬᠦ ᠶ᠋ᠢ ᠨᠢ ᠵᠥᠪᠰᠢᠶᠡᠷᠡᠬᠦ ᠶᠦᠮ ᠤᠤ ? ᠭᠡᠰᠡᠨ ᠨᠢ ᠬᠥᠮᠦᠰ ᠦ᠋ᠨ ᠢᠯᠡᠭᠦᠴᠡ ᠪᠣᠳᠣᠯ ᠪᠠᠢᠵᠠᠢ᠃
ᠠᠷᠠᠢ ᠯᠠ ᠶᠠᠷᠢᠯᠴᠠᠭᠠᠳ ᠬᠠᠭᠠᠰ ᠴᠠᠭ ᠴᠤ᠌ ᠪᠣᠯᠤᠭᠰᠠᠨ ᠦᠭᠡᠢ ᠪᠡᠷ ᠦᠵᠡᠰᠬᠦᠯᠡᠩ ᠢ᠋ ᠳᠡᠪᠰᠢᠭᠦᠯᠬᠦ ᠶᠠᠪᠤᠳᠠᠯ ᠢ᠋ ᠰᠠᠨᠠᠯ ᠨᠢᠭᠡᠲᠡᠢ ᠵᠥᠪᠰᠢᠶᠡᠷᠡᠭᠰᠡᠨ ᠨᠢ ᠦᠨᠡᠬᠡᠷ ᠬᠥᠮᠦᠨ ᠪᠦᠬᠦᠨ ᠳᠣᠲᠣᠷ᠎ᠠ ᠪᠠᠨ ᠲᠣᠭᠠᠲᠠᠢ ᠪᠠᠢᠭᠰᠠᠨ ᠰᠢᠨᠵᠢᠲᠡᠢ᠃
ᠢᠯᠠᠩᠭᠤᠶ᠎ᠠ ᠺᠧᠦ ᠳᠠᠷᠤᠭ᠎ᠠ ᠦᠵᠡᠰᠬᠦᠯᠡᠩ ᠢ᠋ ᠡᠷᠭᠦᠵᠦ ᠪᠠᠢᠬᠤ ᠠ᠋ᠴᠠ ᠦᠵᠡᠪᠡᠯ ᠡᠳᠡ ᠬᠣᠶᠠᠭᠤᠯᠠ ᠶᠠᠮᠠᠷ ᠨᠢᠭᠡᠨ ᠬᠠᠷᠢᠴᠠᠭ᠎ᠠ ᠲᠠᠢ ᠪᠠᠢᠭᠰᠠᠨ ᠴᠤ᠌ ᠪᠣᠯᠪᠠ ᠤᠤ ᠭᠡᠵᠦ ᠰᠡᠵᠢᠭᠯᠡᠮᠡᠷ ᠪᠠᠢᠯ᠎ᠠ᠃ ᠦᠵᠡᠰᠬᠦᠯᠡᠩ ᠦ᠋ᠨ ᠬᠤᠪᠢ ᠵᠠᠶᠠᠭᠠᠨ ᠤ᠋ ᠡᠷᠭᠢᠯᠲᠡ ᠬᠤᠪᠢᠷᠠᠯᠲᠠ ᠨᠢ ᠦᠨᠡᠬᠡᠷ ᠴᠤ᠌ ᠭᠠᠢᠬᠠᠮᠠᠷ᠃
ᠳᠣᠷᠣᠢᠲᠠᠪᠠᠯ ᠬᠣᠷᠢᠨ ᠵᠢᠯ᠂ ᠳᠡᠭᠵᠢᠷᠡᠪᠡᠯ ᠥᠷᠯᠥᠭᠡ ᠦᠳᠡᠰᠢ ᠳᠡᠭᠡᠷ᠎ᠡ᠃ ᠣᠷᠴᠢᠮ ᠤ᠋ᠨ ᠣᠬᠣᠷᠬᠠᠨ ᠬᠤᠭᠤᠴᠠᠭᠠᠨ ᠳ᠋ᠤ᠌ ᠬᠥᠮᠦᠰ ᠵᠡᠭᠦᠳᠦᠯᠡᠵᠦ ᠴᠤ᠌ ᠣᠯᠬᠤ ᠦᠭᠡᠢ ᠰᠠᠢᠨ ᠬᠤᠪᠢ ᠪᠤᠶᠠᠨ ᠲᠡᠭᠦᠨ ᠳ᠋ᠦ᠍ ᠲᠠᠭᠠᠷᠠᠭᠠᠳ ᠪᠠᠢᠬᠤ ᠨᠢ ᠳᠤᠷᠠᠯᠠᠮᠠᠷ᠃ ᠬᠡᠳᠦᠨ ᠮᠢᠩᠭᠠᠨ ᠠᠵᠢᠯᠲᠠᠨ ᠠᠵᠢᠯᠴᠢᠨ ᠲᠠᠢ ᠶᠡᠬᠡ ᠬᠣᠷᠢᠶᠠᠨ ᠳ᠋ᠤ᠌ ᠰᠢᠶᠠᠨ ᠤ᠋ ᠳᠡᠰ ᠦ᠋ᠨ ᠬᠡᠷᠬᠡᠮ ᠲᠡᠢ ᠬᠥᠮᠦᠨ ᠰᠠᠢ ᠣᠯᠠᠨ ᠪᠠᠢᠯᠭᠦᠢ᠃ ᠭᠡᠲᠡᠯ᠎ᠡ ᠳᠡᠳ᠋ ᠬᠣᠷᠢᠶᠠᠨ ᠳᠠᠷᠤᠭ᠎ᠠ ᠶ᠋ᠢᠨ ᠰᠠᠭᠤᠳᠠᠯ ᠠᠪᠬᠤ ᠭᠡᠳᠡᠭ ᠴᠢᠨᠢ ᠦᠨᠡᠬᠡᠷ ᠴᠤ᠌ ᠠᠮᠠᠷ ᠦᠭᠡᠢ ᠬᠡᠷᠡᠭ ᠶᠦᠮ᠃ ᠬᠡᠴᠢᠨᠡᠭᠡᠨ ᠬᠥᠮᠦᠨ ᠡᠨᠡ ᠰᠠᠭᠤᠳᠠᠯ ᠳ᠋ᠤ᠌ ᠡᠳᠦᠷ ᠰᠥᠨᠢ ᠦᠭᠡᠢ ᠰᠠᠨᠠᠭᠠᠰᠢᠷᠠᠳᠠᠭ ᠪᠣᠯ? ᠭᠡᠲᠡᠯ᠎ᠡ ᠦᠵᠡᠰᠬᠦᠯᠡᠩ ᠳ᠋ᠦ᠍ ᠢᠩᠭᠢᠵᠦ ᠰᠠᠨᠠᠮᠰᠠᠷ ᠦᠭᠡᠢ ᠲᠣᠬᠢᠶᠠᠯᠳᠤᠬᠤ ᠭᠡᠭᠴᠢ ᠠᠯᠢ ᠲᠥᠷᠥᠯ ᠦ᠋ᠨ ᠬᠢᠨᠢ ᠬᠤᠷᠢᠶᠠᠭᠰᠠᠨ ᠪᠤᠶᠠᠨ ᠤ᠋ ᠬᠠᠷᠢᠭᠤ ᠶᠤᠮ ᠪᠣᠯ? ᠬᠠᠷᠠᠮᠰᠠᠯᠲᠠᠢ ᠨᠢ ᠰᠠᠢᠨ ᠬᠡᠷᠡᠭ ᠲᠦ᠍ ᠰᠠᠭᠠᠳ ᠣᠯᠠᠨ ᠭᠡᠭᠴᠢ ᠪᠡᠷ ᠶᠠᠭ ᠯᠠ ᠲᠤᠰᠢᠶᠠᠯ ᠳᠤ ᠪᠠᠨ ᠭᠠᠷᠬᠤ ᠶ᠋ᠢᠨ ᠡᠮᠦᠨᠡᠬᠡᠨ ᠡᠨᠡ ᠡᠮᠴᠢ ᠠᠮᠢ ᠪᠠᠨ ᠠᠯᠳᠠᠴᠢᠬᠠᠯ᠎ᠠ᠃
ᠬᠠᠤᠯᠢ ᠴᠠᠭᠠᠵᠠ ᠶ᠋ᠢᠨ ᠪᠠᠢᠭᠤᠯᠭ᠎ᠠ ᠠ᠋ᠴᠠ ᠮᠠᠨ ᠳ᠋ᠤ᠌ ᠨᠠᠢᠳᠠᠨ ᠮᠡᠷᠭᠡᠵᠢᠯᠲᠡᠨ ᠲᠣᠮᠢᠯᠠᠨ ᠦᠬᠦᠳᠡᠯ ᠢ᠋ ᠨᠢ ᠲᠤᠶᠠᠴᠢᠬᠤ ᠳ᠋ᠤ᠌ ᠬᠠᠪᠰᠤᠷᠤᠮᠵᠢ ᠪᠣᠯᠬᠤ ᠶ᠋ᠢ ᠳᠠᠬᠢᠨ ᠳᠠᠪᠲᠠᠨ ᠬᠦᠰᠡᠮᠵᠢᠯᠡᠪᠡ᠃ ᠮᠡᠷᠭᠡᠵᠢᠯ ᠢ᠋ᠶ᠋ᠡᠷ ᠥᠨᠳᠥᠷ ᠬᠡᠳᠦᠨ ᠳᠠᠷᠤᠭ᠎ᠠ ᠨᠠᠷ ᠬᠣᠭᠣᠷᠣᠨᠳᠣ ᠪᠠᠨ ᠨᠠᠢᠷ ᠲᠠᠯᠪᠢᠨ ᠬᠡᠨ ᠨᠢ ᠴᠤ᠌ ᠣᠴᠢᠬᠤ ᠦᠭᠡᠢ ᠪᠠᠢᠯ᠎ᠠ᠃
ᠬᠠᠷᠢᠨ ᠦᠵᠡᠰᠬᠦᠯᠡᠩ ᠦ᠋ᠨ ᠬᠣᠢᠨ᠎ᠠ ᠠ᠋ᠴᠠ ᠭᠠᠰᠢᠭᠤᠳᠠᠨ ᠡᠮᠭᠡᠨᠢᠵᠦ ᠠᠷᠭ᠎ᠠ ᠦᠭᠡᠢ ᠤᠰᠤᠨ ᠨᠢᠳᠦᠯᠡᠭᠰᠡᠨ ᠭᠤᠸᠠᠨ ᠬᠣᠷᠢᠶᠠᠨ ᠳᠠᠷᠤᠭ᠎ᠠ ᠯᠠ ᠵᠣᠷᠢᠭ ᠢ᠋ᠶ᠋ᠠᠨ ᠡᠷᠴᠢᠯᠡᠨ ᠬᠠᠪᠰᠤᠷᠤᠭᠰᠠᠨ ᠪᠢᠯᠡ᠃
ᠭᠤᠸᠠᠨ ᠬᠣᠷᠢᠶᠠᠨ ᠳᠠᠷᠤᠭ᠎ᠠ ᠬᠠᠷᠢᠵᠤ ᠢᠷᠡᠭᠰᠡᠨ ᠦ᠌ ᠪᠡᠨ ᠳᠠᠷᠠᠭ᠎ᠠ᠂ ᠦᠵᠡᠰᠬᠦᠯᠡᠩ ᠦ᠋ᠨ ᠭᠠᠰᠢᠭᠤᠳᠠᠯ ᠤ᠋ᠨ ᠬᠤᠷᠠᠯ ᠢ᠋ ᠪᠡᠶ᠎ᠡ ᠪᠡᠷ ᠢ᠋ᠶ᠋ᠡᠨ ᠡᠷᠬᠢᠯᠡᠨ ᠦᠪᠡᠳᠡᠭᠰᠢ ᠶᠡᠬᠡ ᠪᠡᠷ ᠬᠢᠪᠡ᠃
ᠦᠨᠡᠨ ᠳᠦ ᠪᠡᠨ᠂ ᠦᠵᠡᠰᠬᠦᠯᠡᠩ ᠪᠣᠯ ᠳᠡᠳ᠋ ᠬᠣᠷᠢᠶᠠᠨ ᠳᠠᠷᠤᠭ᠎ᠠ ᠪᠣᠯᠤᠭᠠᠳᠤᠢ ᠨᠢᠭᠡ ᠡᠩ ᠦ᠋ᠨ ᠡᠮᠴᠢ ᠶᠦᠮ᠃ ᠲᠡᠷᠡ ᠪᠠᠢᠲᠤᠭᠠᠢ ᠡᠷ᠎ᠡ ᠳᠦ ᠪᠡᠨ ᠠᠯᠠᠭᠳᠠᠭᠰᠠᠨ ᠬᠥᠮᠦᠨ᠃ ᠭᠡᠲᠡᠯ᠎ᠡ ᠲᠡᠭᠦᠨ ᠦ᠌ ᠭᠠᠰᠢᠭᠤᠳᠠᠯ ᠤ᠋ᠨ ᠬᠤᠷᠠᠯ ᠢ᠋ ᠪᠦᠷ ᠬᠣᠷᠢᠶᠠᠨ ᠳᠠᠷᠤᠭ᠎ᠠ ᠶ᠋ᠢᠨ ᠭᠠᠰᠢᠭᠤᠳᠠᠯ ᠠ᠋ᠴᠠ ᠳᠠᠪᠠᠭᠤ ᠬᠢᠭᠰᠡᠨ ᠡᠴᠡ ᠡᠩ ᠦ᠋ᠨ ᠦᠶ᠎ᠡ ᠳᠦ ᠪᠡᠨ ᠡᠨᠡ ᠬᠥᠮᠦᠨ ᠤᠳᠤᠷᠢᠳᠤᠯᠭ᠎ᠠ ᠪᠣᠯᠤᠨ ᠣᠯᠠᠨ ᠲᠦᠮᠡᠨ ᠲᠠᠷ ᠬᠠᠷᠢᠴᠠᠭ᠎ᠠ ᠪᠠᠷ ᠶᠠᠮᠠᠷ ᠰᠢᠭ᠋ ᠪᠠᠢᠭᠰᠠᠨ ᠢ᠋ ᠣᠢᠯᠠᠭᠠᠨ ᠮᠡᠳᠡᠵᠦ ᠪᠣᠯᠬᠤ ᠶᠤᠮ ᠭᠡᠰᠡᠨ ᠪᠠᠢᠯ᠎ᠠ᠃
ᠲᠦᠪᠰᠢᠨ ᠡᠨᠡ ᠬᠦ᠌ ᠪᠠᠢᠳᠠᠯ ᠢ᠋ ᠳᠤᠰᠬᠠᠭᠰᠠᠨ ᠪᠢᠴᠢᠭ ᠢ᠋ ᠦᠵᠡᠵᠦ ᠪᠠᠷᠠᠭᠠᠳ᠂ ᠭᠥᠯᠥᠭᠡ ᠳ᠋ᠦ᠍ ᠠᠬᠢᠨ ᠳᠠᠬᠢᠨ ᠲᠠᠯᠠᠷᠬᠠᠨ᠂ ᠭᠡᠷ ᠡᠴᠡ ᠭᠠᠷᠬᠤ ᠭᠡᠰᠡᠨ ᠢ᠋ᠶ᠋ᠡᠨ ᠭᠡᠨᠡᠳᠲᠡ ᠶᠠᠭᠤ ᠨᠢᠭᠡ ᠶ᠋ᠢ ᠪᠣᠳᠣᠵᠤ ᠣᠯᠤᠭᠰᠠᠨ ᠰᠢᠭ᠋ ᠵᠣᠭᠬᠢᠨ ᠵᠣᠭᠰᠣᠭᠰᠠᠨ ᠢ᠋ᠶ᠋ᠠᠨ᠄
— ᠵᠠ᠂ ᠯᠤᠤ ᠬᠦ᠂ ᠬᠠᠷᠢᠨ ᠲᠠ ᠡᠨᠡ ᠡᠨᠡ ᠪᠠᠢᠳᠠᠯ ᠢ᠋ᠶ᠋ᠠᠨ ᠥᠭᠡᠷ᠎ᠡ ᠬᠥᠮᠦᠨ ᠳ᠋ᠦ᠍ ᠪᠢᠲᠡᠭᠡᠢ ᠬᠡᠯᠡᠵᠦ ᠪᠠᠢ ᠳᠠ ᠭᠡᠴᠢᠬᠡᠭᠡᠳ ᠰᠠᠯᠤᠨ ᠶᠠᠪᠤᠯ᠎ᠠ᠃
ᠤᠩᠰᠢᠭᠰᠠᠨ ᠨᠢ᠄ ᠴᠡᠴᠡᠭᠮ᠎ᠠ
