ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠳᠥᠴᠢᠨ ᠭᠤᠷᠪᠠ> Хялгасан дөрөөн дээр – Хасвулаг зохиов <43>
ᠬᠢᠯᠭᠠᠰᠤᠨ ᠳᠥᠷᠥᠭᠡᠨ ᠳᠡᠭᠡᠷ᠎ᠡ - <ᠳᠥᠴᠢᠨ ᠭᠤᠷᠪᠠ>
ᠳᠥᠴᠢᠨ ᠭᠤᠷᠪᠠ
ᠲᠦᠪᠰᠢᠨ ᠥᠨᠥᠳᠥᠷ ᠴᠤ᠌ ᠡᠦ ᠹᠧᠩ ᠮᠧᠢ ᠲᠡᠢ ᠪᠦᠬᠦᠯᠢ ᠳᠥᠷᠪᠡᠨ ᠴᠠᠭ ᠶᠠᠷᠢᠯᠴᠠᠯ᠎ᠠ᠃ ᠡᠨᠡ ᠬᠣᠶᠠᠷ ᠪᠣᠯᠤᠷᠴᠠᠭᠠᠨ ᠤ᠋ ᠬᠡᠷᠡᠭ ᠢ᠋ ᠡᠬᠢᠨ ᠡᠴᠡ ᠨᠢ ᠳᠠᠭᠤᠰᠲᠠᠯ᠎ᠠ ᠶᠠᠷᠢᠯᠴᠠᠭᠰᠠᠨ ᠪᠥᠭᠡᠳ ᠪᠣᠯᠤᠷᠴᠠᠭᠠᠨ᠂ ᠡᠦ ᠹᠧᠩ ᠮᠧᠢ ᠬᠣᠶᠠᠷ ᠤ᠋ᠨ ᠠᠷᠪᠠᠨ ᠬᠡᠳᠦᠨ ᠵᠢᠯ ᠦᠷᠭᠦᠯᠵᠢᠯᠡᠭᠰᠡᠨ ᠶᠠᠷᠰᠢᠭ ᠪᠤᠳᠤᠯᠢᠶᠠᠨᠲᠤ ᠬᠠᠷᠢᠴᠠᠭ᠎ᠠ ᠬᠣᠯᠪᠣᠭ᠎ᠠ ᠶ᠋ᠢ ᠦᠨᠳᠦᠰᠦᠨ ᠳᠦ ᠪᠡᠨ ᠭᠡᠭᠡᠭᠳᠡᠯ ᠦᠭᠡᠢ ᠶᠠᠷᠢᠯᠴᠠᠵᠠᠢ᠃
ᠳᠠᠷᠠᠭ᠎ᠠ ᠪᠠᠷ ᠨᠢ ᠭᠤᠸᠠᠨ ᠢᠦᠢ ᠱᠠᠨ ᠤ᠋ ᠠᠮᠠᠨ ᠥᠴᠢᠭ ᠦ᠋ᠨ ᠰᠢᠩᠭᠡᠭᠡᠯᠲᠡ ᠶ᠋ᠢ ᠡᠦ ᠹᠧᠩ ᠮᠧᠢ ᠳ᠋ᠦ᠍ ᠰᠣᠨᠣᠰᠬᠠᠪᠠ᠃ ᠡᠦ ᠹᠧᠩ ᠮᠧᠢ ᠡᠨᠡ ᠬᠦ᠌ ᠰᠢᠩᠭᠡᠭᠡᠯᠲᠡ ᠶ᠋ᠢ ᠰᠣᠨᠣᠰᠬᠤ ᠳᠤ ᠪᠠᠨ ᠬᠡᠰᠡᠭ ᠰᠣᠴᠢᠵᠤ᠂ ᠬᠡᠰᠡᠭ ᠭᠤᠨᠢᠭᠰᠢᠨ ᠵᠣᠪᠠᠵᠤ᠂ ᠬᠠᠶᠠ ᠵᠠᠷᠢᠮ ᠳᠤ ᠪᠠᠨ ᠠᠷᠠᠭ᠎ᠠ ᠵᠠᠭᠤᠨ ᠵᠠᠨᠤᠯᠬᠢᠯᠠᠵᠤ ᠪᠠᠢᠯ᠎ᠠ᠃ ᠬᠥᠮᠦᠨ ᠦ᠌ ᠠᠮᠢ ᠲᠠᠢ ᠬᠡᠯᠡᠯᠴᠡᠭᠰᠡᠨ ᠡᠢᠮᠦ ᠨᠢᠭᠡ ᠬᠦᠨᠳᠦ ᠰᠦᠷᠡᠬᠡᠢ ᠬᠡᠷᠡᠭ ᠡᠳᠦᠢ ᠣᠯᠠᠨ ᠲᠠᠯ᠎ᠠ ᠪᠠᠷ ᠲᠡᠭᠦᠨ ᠲᠠᠢ ᠬᠣᠯᠪᠣᠭᠳᠠᠭᠰᠠᠨ ᠨᠢ᠂ ᠲᠡᠭᠦᠨ ᠳ᠋ᠦ᠍ ᠶᠠᠭ ᠯᠠ ᠬᠤᠷᠴᠠ ᠬᠢᠲᠤᠭ᠎ᠠ ᠶ᠋ᠢᠨ ᠦᠵᠦᠭᠦᠷ ᠢ᠋ ᠠᠯᠢ ᠬᠡᠵᠢᠶᠡᠨ ᠦ᠌ ᠵᠢᠷᠦᠬᠡ ᠥᠭᠡᠳᠡ ᠨᠢ ᠶᠠᠪ ᠴᠠᠪ ᠴᠢᠭᠯᠡᠭᠦᠯᠦᠭᠰᠡᠨ ᠰᠢᠭ ᠰᠠᠨᠠᠭᠳᠠᠵᠠᠢ᠃
ᠪᠣᠯᠤᠷᠴᠠᠭᠠᠨ ᠡᠷᠯᠢᠭ ᠦ᠋ᠨ ᠡᠭᠦᠳᠡ ᠶ᠋ᠢ ᠠᠯᠬᠤᠮᠠᠷ ᠪᠣᠯᠤᠭᠠᠳ ᠵᠣᠭᠰᠣᠭᠰᠠᠨ ᠤ᠋ ᠳᠠᠷᠠᠭ᠎ᠠ᠂ ᠲᠡᠷᠡ ᠴᠤ᠌ ᠬᠠᠤᠯᠢ ᠶ᠋ᠢᠨ ᠠᠵᠢᠯᠲᠠᠨ ᠤ᠋ ᠬᠣᠷᠢᠭᠯᠠᠯ ᠢᠳᠬᠠᠯ ᠢ᠋ ᠬᠠᠮᠢᠶᠠᠷᠤᠯ ᠦᠭᠡᠢ ᠪᠡᠷ ᠲᠡᠷᠡ ᠤᠷᠤᠭᠤ ᠱᠣᠩᠭᠣᠴᠠᠨ ᠠᠮᠢ ᠪᠠᠨ ᠠᠯᠳᠠᠬᠤ ᠰᠢᠬᠠᠯ᠎ᠠ᠃ ᠲᠡᠷᠡᠴᠢᠯᠡᠨ ᠤᠲᠠᠰᠤᠨ ᠠᠮᠢ ᠪᠠᠨ ᠠᠯᠳᠠᠬᠤ ᠳᠤ ᠪᠠᠨ ᠰᠢᠬᠠᠴᠢᠬᠠᠭᠠᠳ ᠪᠠᠰᠠ ᠤᠴᠢᠷ ᠰᠢᠯᠲᠠᠭᠠᠨ ᠢ᠋ᠶ᠋ᠠᠨ ᠮᠡᠳᠡᠬᠦ ᠦᠭᠡᠢ ᠭᠡᠳᠡᠭ ᠢ᠋ ᠦᠨᠡᠬᠡᠷ ᠶᠠᠭᠤ ᠭᠡᠯᠲᠡᠢ ᠪᠢᠯᠡ?
ᠲᠡᠷᠡ ᠪᠣᠳᠣᠬᠤ ᠳᠣᠳᠣᠮ ᠢᠴᠢᠩᠭᠦᠷᠡᠨᠡ᠃ ᠢᠴᠢᠩᠭᠦᠷᠢ ᠨᠢ ᠬᠣᠷᠣᠰᠤᠯ ᠪᠣᠯᠵᠤ ᠬᠤᠪᠢᠷᠠᠭᠰᠠᠭᠠᠷ᠃ ᠬᠤᠪᠢ ᠵᠠᠶᠠᠭ᠎ᠠ ᠲᠡᠭᠦᠨ ᠳ᠋ᠦ᠍ ᠶᠠᠭᠠᠬᠢᠭᠠᠳ ᠡᠢᠮᠦ ᠭᠣᠣᠯᠴᠢ ᠪᠤᠰᠤ ᠬᠠᠨᠳᠤᠬᠤ ᠶᠤᠮ? ᠬᠥᠮᠦᠨ ᠲᠡᠭᠦᠨ ᠢ᠋ ᠶᠠᠭ ᠯᠠ ᠮᠠᠰᠢᠨ ᠬᠥᠮᠦᠨ ᠬᠡᠷᠡᠭᠯᠡᠵᠦ ᠪᠠᠢᠭ᠎ᠠ ᠮᠡᠲᠦ ᠲᠦᠢᠯ ᠳ᠋ᠤᠨᠢ ᠲᠤᠯᠲᠠᠯ᠎ᠠ ᠠᠰᠢᠭᠯᠠᠵᠠᠢ᠃ ᠲᠡᠭᠡᠭᠡᠳ ᠪᠠᠰᠠ ᠤᠬᠢᠶᠠᠭᠳᠠᠰᠢ ᠦᠭᠡᠢ ᠬᠢᠯᠢᠰ ᠭᠦᠵᠢᠷ ᠨᠥᠮᠥᠷᠭᠡᠨ ᠰᠦᠨᠡᠰᠦ ᠶ᠋ᠢ ᠨᠢ ᠬᠤᠳᠠᠯᠳᠤᠨ᠂ ᠠᠮᠠ ᠶ᠋ᠢ ᠨᠢ ᠬᠢᠲᠤᠭᠠᠨ ᠤ᠋ ᠣᠷᠣᠨ ᠳ᠋ᠤ᠌ ᠬᠡᠷᠡᠭᠯᠡᠨ ᠦᠵᠡᠰᠬᠦᠯᠡᠩ ᠢ᠋ ᠴᠢᠰᠤ ᠦᠭᠡᠢ ᠠᠯᠠᠴᠢᠬᠠᠭᠠᠳ᠂ ᠲᠡᠭᠦᠨ ᠢ᠋ ᠴᠤ᠌ ᠪᠤᠯᠠᠰᠢᠯᠠᠬᠤ ᠨᠦᠬᠡ ᠤᠷᠤᠭᠤ ᠲᠦᠯᠬᠢᠬᠦ ᠭᠡᠭᠴᠢ ᠨᠢ! ᠲᠡᠷᠡ ᠬᠣᠷᠣᠰᠤᠨ᠎ᠠ᠃ ᠥᠪᠡᠷ ᠦ᠋ᠨ ᠢ᠋ᠶ᠋ᠡᠨ ᠵᠠᠳᠠᠭᠠᠢ ᠵᠠᠢᠳᠠᠩ᠂ ᠬᠡᠢ ᠬᠣᠭᠣᠰᠣᠨ᠂ ᠰᠤᠯᠠ ᠳᠣᠷᠣᠢ ᠳᠤ ᠪᠠᠨ ᠬᠣᠷᠣᠰᠤᠨ᠎ᠠ᠃ ᠪᠠᠰᠠ ᠲᠡᠷᠡ ᠬᠦ᠌ ᠪᠡᠶ᠎ᠡ ᠶᠢ ᠨᠢ ᠪᠡᠶ᠎ᠡ ᠪᠡᠷ ᠨᠢ ᠬᠣᠣᠷᠯᠠᠵᠤ᠂ ᠵᠢᠷᠦᠬᠡ ᠶ᠋ᠢ ᠨᠢ ᠥᠪᠡᠷ ᠦ᠋ᠨ ᠬᠢᠨᠢ ᠭᠠᠷ ᠢ᠋ᠶ᠋ᠠᠷ ᠪᠠᠵᠠᠭᠤᠯᠬᠤ ᠪᠠᠷ ᠤᠷᠤᠯᠳᠤᠭᠴᠢ ᠶ᠋ᠢ ᠵᠠᠨᠤᠨ᠎ᠠ᠃
ᠡᠦ ᠹᠧᠩ ᠮᠧᠢ ᠢᠩᠭᠢᠵᠦ ᠵᠠᠨᠤᠵᠤ ᠬᠣᠷᠣᠰᠤᠨ ᠢᠴᠢᠩᠭᠦᠷᠡᠬᠦ ᠳᠤᠮᠳᠠ ᠪᠠᠨ ᠦᠵᠡᠰᠬᠦᠯᠡᠩ ᠢ᠋ ᠥᠪᠡᠷ ᠦ᠋ᠨ ᠡᠷᠬᠡ ᠦᠭᠡᠢ ᠪᠣᠳᠣᠨ᠎ᠠ᠃ ᠲᠡᠷᠡ ᠦᠵᠡᠰᠬᠦᠯᠡᠩ ᠲᠡᠢ ᠠᠭᠤᠯᠵᠠᠵᠤ ᠪᠢᠯᠡ᠃ ᠡᠳᠦᠭᠡ ᠪᠣᠳᠣᠬᠤᠯ᠎ᠠ ᠲᠡᠷᠡ ᠤᠷᠤᠭᠤᠳᠠᠯ ᠲᠠᠭᠠᠷᠠᠭᠰᠠᠨ ᠬᠤᠪᠢ ᠵᠠᠶᠠᠭ᠎ᠠ᠂ ᠤᠢᠳᠬᠠᠷ ᠪᠤᠬᠢᠨᠢᠳᠤᠯᠲᠤ ᠬᠠᠷᠢᠴᠠᠭ᠎ᠠ ᠬᠣᠯᠪᠣᠭ᠎ᠠ ᠲᠡᠳᠡᠨ ᠢ᠋ ᠲᠣᠬᠢᠷᠠᠭᠤᠯᠤᠨ ᠤᠴᠠᠷᠠᠭᠤᠯᠤᠭᠰᠠᠨ ᠮᠡᠲᠦ᠃ ᠬᠥᠮᠦᠨ ᠦ᠌ ᠶᠢᠷᠲᠢᠨᠴᠦ ᠶ᠋ᠢᠨ ᠠᠮᠢᠳᠤᠷᠠᠯ ᠤ᠋ᠨ ᠬᠤᠢ ᠰᠠᠯᠬᠢᠨ ᠡᠦ ᠹᠧᠩ ᠮᠧᠢ ᠶ᠋ᠢᠨ ᠬᠤᠪᠢ ᠵᠠᠶᠠᠭ᠎ᠠ ᠶ᠋ᠢ ᠬᠠᠢᠷ᠎ᠠ ᠨᠠᠢᠷ ᠥᠭᠡᠢ ᠳᠠᠭᠠᠷᠢᠵᠠᠢ᠃
ᠰᠢᠵᠢᠷ ᠠᠯᠲᠠ ᠮᠡᠲᠦ ᠠᠷᠪᠠ ᠶᠢᠰᠦᠨ ᠨᠠᠰᠤᠨ ᠳᠤ ᠪᠠᠨ ᠲᠡᠷᠡ ᠭᠤᠸᠠᠨ ᠢᠦᠢ ᠱᠠᠨ ᠤ᠋ ᠮᠡᠬᠡᠯᠡᠯ ᠠᠷᠭᠠᠳᠠᠯ ᠳ᠋ᠤ᠌ ᠠᠪᠲᠠᠵᠤ᠂ ᠬᠠᠢᠷᠠᠯᠠᠯᠲᠠᠢ ᠣᠩᠭᠣᠨ ᠪᠡᠶ᠎ᠡ ᠪᠡᠨ ᠡᠪᠳᠡᠯᠡᠭᠦᠯᠵᠡᠢ᠃ ᠲᠡᠭᠡᠭᠡᠳ ᠲᠡᠷᠡ ᠬᠡᠦᠬᠡᠨ ᠢ᠋ᠶ᠋ᠡᠷ ᠢ᠋ᠶ᠋ᠡᠨ ᠵᠢᠷᠮᠦᠰᠦᠨ ᠪᠣᠯᠵᠤ ᠭᠤᠨᠢᠵᠤ ᠭᠤᠲᠤᠷᠠᠬᠤ ᠳᠤ ᠪᠠᠨ ᠠᠮᠢ ᠨᠠᠰᠤ ᠪᠠᠨ ᠬᠥᠩᠭᠡᠪᠴᠢᠯᠡᠬᠦ ᠣᠬᠣᠷ ᠪᠣᠳᠣᠯ ᠣᠯᠠᠨ ᠤᠳᠠᠭ᠎ᠠ ᠡᠭᠦᠰᠴᠦ ᠪᠢᠯᠡ᠃ ᠭᠡᠲᠡᠯ᠎ᠡ ᠲᠡᠷᠡ ᠡᠴᠦᠰ ᠲᠦ ᠪᠡᠨ ᠦᠬᠦᠵᠦ ᠠᠮᠢᠳᠤᠷᠠᠬᠤ ᠶ᠋ᠢᠨ ᠰᠠᠯᠠᠭ᠎ᠠ ᠵᠠᠮ ᠤ᠋ᠨ ᠠᠭᠤᠯᠵᠠᠷ ᠳᠡᠭᠡᠷ᠎ᠡ ᠡᠴᠡ ᠠᠮᠢᠳᠤᠷᠠᠬᠤ ᠵᠠᠮ ᠢ᠋ ᠰᠣᠩᠭᠣᠭᠰᠠᠨ ᠪᠢᠯᠡ᠃ ᠭᠡᠪᠡᠴᠦ ᠲᠡᠷᠡ ᠢᠨᠠᠭ ᠳᠤᠷᠠᠯᠠᠯ᠂ ᠭᠡᠷ ᠪᠦᠯᠢ ᠭᠡᠭᠴᠢ ᠶ᠋ᠢ ᠶᠠᠭᠤᠮᠠᠨ ᠤ᠋ ᠲᠣᠭᠠᠨ ᠳ᠋ᠤ᠌ ᠪᠣᠳᠣᠬᠤ ᠪᠠᠨ ᠪᠣᠯᠢᠵᠠᠢ᠃
ᠢᠩᠭᠢᠭᠡᠳ ᠲᠡᠷᠡ ᠤᠷᠤᠭ ᠤ᠋ᠨ ᠶᠠᠪᠤᠳᠠᠯ ᠢ᠋ᠶ᠋ᠠᠨ ᠥᠴᠦᠬᠡᠨ ᠴᠤ᠌ ᠪᠣᠳᠣᠯᠬᠢᠯᠠᠯ ᠦᠭᠡᠢ ᠬᠣᠢᠰᠢᠯᠠᠭᠤᠯᠤᠭᠰᠠᠭᠠᠷ ᠪᠠᠢᠵᠤ᠂ ᠭᠤᠴᠢᠨ ᠨᠠᠰᠤ ᠶᠢ ᠳᠥᠭᠥᠵᠦ ᠭᠣᠯᠣᠭᠳᠠᠮᠠᠯ ᠤ᠋ᠨ ᠲᠣᠭᠠᠨ ᠳ᠋ᠤ᠌ ᠣᠷᠣᠨ᠂ ᠡᠮᠡᠰ ᠥᠬᠢᠳ ᠦ᠋ᠨ ᠳᠣᠭᠣᠭᠢ ᠪᠣᠯᠬᠤ ᠳᠤ ᠪᠠᠨ ᠠᠷᠪᠠ ᠭᠠᠷᠤᠢ ᠨᠠᠰᠤ ᠠᠬ᠎ᠠ ᠬᠥᠮᠦᠨ ᠲᠡᠢ ᠤᠷᠤᠭᠯᠠᠪᠠ᠃ ᠤᠷᠤᠭᠤᠳᠠᠪᠠᠯ ᠳᠣᠷᠣᠢᠲᠠᠨ᠎ᠠ ᠭᠡᠭᠴᠢ ᠪᠡᠷ᠂ ᠡᠷ᠎ᠡ ᠶ᠋ᠢᠨ ᠬᠢᠨᠢ ᠵᠠᠩ ᠠᠪᠤᠷᠢ ᠨᠢ ᠬᠡᠳᠡᠷ ᠲᠣᠭᠰᠢᠨ ᠪᠠᠢᠵᠤ᠂ ᠲᠡᠭᠦᠨ ᠳ᠋ᠦ᠍ ᠰᠡᠳᠬᠢᠯ ᠰᠠᠨᠠᠭᠠᠨ ᠤ᠋ ᠠᠮᠤᠷᠵᠢᠯ᠂ ᠭᠡᠷ ᠪᠦᠯᠢ ᠶ᠋ᠢᠨ ᠬᠠᠯᠠᠭᠤᠨ ᠣᠯᠭᠣᠭᠰᠠᠨ ᠦᠭᠡᠢ᠃ ᠡᠭᠦᠨ ᠡᠴᠡ ᠪᠣᠯᠵᠤ᠂ ᠲᠡᠭᠦᠨ ᠦ᠌ ᠰᠡᠳᠬᠢᠯ ᠰᠠᠨᠠᠭᠠᠨ ᠤ᠋ ᠬᠢᠨᠢ ᠰᠢᠷᠬ᠎ᠠ ᠰᠣᠷᠪᠢ ᠡᠳᠡᠭᠡᠷᠡᠭᠰᠡᠨ ᠦᠭᠡᠢ ᠮᠥᠷᠲᠡᠭᠡᠨ ᠤᠯᠠᠮ ᠨᠡᠮᠡᠭᠳᠡᠵᠡᠢ᠃ ᠭᠡᠪᠡᠴᠦ ᠲᠡᠷᠡ ᠭᠠᠰᠢᠭᠤᠨ ᠨᠢᠯᠪᠤᠰᠤ ᠪᠠᠨ ᠳᠣᠲᠣᠭᠰᠢ ᠪᠠᠨ ᠵᠠᠯᠭᠢᠨ᠂ ᠪᠤᠰᠤᠳ ᠠ᠋ᠴᠠ ᠢᠯᠡᠭᠦᠦ ᠬᠦᠴᠦ ᠴᠢᠷᠮᠠᠢᠯᠭ᠎ᠠ ᠭᠠᠷᠭᠠᠨ ᠭᠡᠷ ᠪᠦᠯᠢ ᠪᠡᠨ ᠲᠣᠭᠲᠠᠨᠢᠭᠤᠯᠬᠤ ᠪᠠᠷ ᠴᠢᠷᠮᠠᠢᠵᠠᠢ᠃ ᠭᠡᠲᠡᠯ᠎ᠡ ᠪᠣᠳᠠᠲᠤ ᠠᠮᠢᠳᠤᠷᠠᠯ ᠲᠡᠭᠦᠨ ᠦ᠌ ᠪᠣᠳᠣᠭᠰᠠᠨ ᠢ᠋ᠶ᠋ᠠᠷ ᠪᠣᠯᠵᠤ ᠥᠭᠭᠦᠭᠰᠡᠨ ᠦᠭᠡᠢ᠃ ᠡᠴᠦᠰ ᠲᠦ ᠪᠡᠨ ᠲᠡᠷᠡ ᠬᠠᠢᠷ᠎ᠠ ᠳᠤᠷᠠᠯᠠᠯ ᠦᠭᠡᠢ ᠠᠯᠪᠠ ᠶᠢᠨ ᠲᠡᠳᠦᠢ ᠠᠮᠢᠳᠤᠷᠠᠯ ᠢ᠋ᠶ᠋ᠠᠨ ᠡᠴᠦᠰᠯᠡᠭᠦᠯᠬᠦ ᠶ᠋ᠢᠨ ᠲᠥᠯᠥᠭᠡ᠂ ᠨᠢᠭᠡ ᠬᠤᠪᠢ ᠦᠷᠡᠵᠢᠬᠦ ᠴᠢᠳᠠᠪᠤᠷᠢ ᠪᠠᠨ ᠠᠯᠳᠠᠭᠰᠠᠨ ᠬᠡᠮᠡᠬᠦ ᠭᠡᠷᠡᠴᠢ ᠬᠢᠯᠭᠡᠬᠦ ᠴᠢᠬᠤᠯᠠ ᠲᠠᠢ ᠪᠣᠯᠵᠠᠢ᠃
ᠲᠡᠭᠡᠭᠡᠳ ᠡᠮᠨᠡᠯᠭᠡ ᠳ᠋ᠦ᠍ ᠣᠴᠢᠭᠰᠠᠨ ᠳ᠋ᠤ᠌ ᠦᠵᠡᠰᠬᠦᠯᠡᠩ ᠲᠡᠢ ᠠᠭᠤᠯᠵᠠᠵᠠᠢ᠃ ᠲᠡᠷᠡ ᠠᠷᠪᠠᠨ ᠲᠠᠪᠤᠨ ᠵᠢᠯ ᠦ᠋ᠨ ᠡᠮᠦᠨ᠎ᠡ ᠬᠡᠦᠬᠡᠳ ᠲᠥᠷᠥᠬᠦ ᠳᠦ ᠪᠡᠨ ᠦᠵᠡᠰᠬᠦᠯᠡᠩ ᠲᠡᠢ ᠬᠠᠮᠲᠤ ᠡᠮᠨᠡᠯᠭᠡ ᠳ᠋ᠦ᠍ ᠰᠠᠭᠤᠵᠤ ᠪᠠᠢᠭᠰᠠᠨ ᠢ᠋ᠶ᠋ᠠᠨ ᠶᠠᠭ ᠰᠠᠨᠠᠵᠤ ᠣᠯᠤᠭᠰᠠᠨ ᠦᠭᠡᠢ᠃ ᠣᠳᠣ ᠪᠣᠳᠣᠬᠤᠯ᠎ᠠ ᠶᠢᠷᠲᠢᠨᠴᠦ ᠶ᠋ᠢᠨ ᠶᠠᠪᠤᠳᠠᠯ ᠨᠡᠭᠡᠷᠡᠨ ᠶᠢᠯᠸᠢ ᠤᠪᠠᠳᠢᠰ ᠢ᠋ᠶ᠋ᠠᠷ ᠳᠦᠭᠦᠷᠦᠭᠰᠡᠨ ᠰᠢᠭ ᠰᠠᠨᠠᠭᠳᠠᠨ᠎ᠠ᠃ ᠲᠡᠷᠡ ᠬᠤᠪᠢ ᠶᠢᠨ ᠠᠰᠢᠭ ᠲᠤᠰᠠ ᠠ᠋ᠴᠠ ᠪᠠᠨ ᠡᠭᠦᠰᠦᠨ᠂ ᠦᠵᠡᠰᠬᠦᠯᠡᠩ ᠦ᠋ᠨ ᠦᠨᠡᠨ ᠲᠣᠳᠣᠯᠠᠯᠲᠠ ᠶ᠋ᠢ ᠦᠯᠦ ᠵᠥᠪᠰᠢᠶᠡᠷᠡᠨ ᠬᠠᠢᠷ᠎ᠠ ᠨᠠᠢᠷ ᠦᠭᠡᠢ ᠬᠠᠷᠢᠶᠠᠬᠤ ᠳ᠋ᠤ᠌᠂ ᠬᠥᠮᠦᠵᠢᠯ ᠪᠣᠯᠪᠠᠰᠤᠷᠠᠯ ᠲᠠᠢ ᠦᠵᠡᠰᠬᠦᠯᠡᠩ ᠲᠡᠭᠦᠨ ᠦ᠌ ᠪᠣᠷᠣ ᠪᠦᠳᠦᠭᠦᠯᠢᠭ ᠬᠠᠷᠢᠶᠠᠯ ᠳᠣᠷᠣᠮᠵᠢᠯᠠᠯ ᠤ᠋ᠨ ᠡᠮᠦᠨ᠎ᠡ ᠡᠴᠡ ᠶᠠᠭᠤ ᠴᠤ᠌ ᠳᠤᠤᠭᠠᠷᠤᠭᠰᠠᠨ ᠦᠭᠡᠢ ᠥᠩᠭᠡᠷᠡᠵᠦ ᠪᠢᠯᠡ᠃ ᠭᠡᠪᠡᠴᠦ ᠲᠡᠷᠡ ᠡᠭᠦᠨ ᠡᠴᠡ ᠰᠦᠪᠡᠭᠴᠢ ᠣᠯᠵᠤ᠂ 《ᠨᠣᠶᠠᠨ》 ᠤ᠋ ᠬᠢᠭᠰᠡᠨ ᠠᠯᠢᠪᠠ ᠶᠠᠯ᠎ᠠ ᠨᠢᠭᠦᠯ ᠢ᠋ ᠠᠳᠬᠤᠵᠤ ᠠᠪᠤᠭᠠᠳ᠂ ᠬᠡᠴᠢᠨᠡᠭᠡᠨ ᠵᠢᠯ ᠦ᠋ᠨ ᠲᠤᠷᠰᠢ ᠠᠮᠰᠠᠭᠰᠠᠨ ᠬᠣᠬᠢᠷᠠᠯ ᠰᠦᠢᠳᠦᠯ ᠢ᠋ᠶ᠋ᠡᠨ ᠨᠥᠬᠥᠵᠦ ᠠᠪᠬᠤ ᠪᠠᠷ ᠵᠣᠷᠢᠭ ᠰᠢᠭᠤᠳᠴᠠᠢ᠃
ᠦᠵᠡᠰᠬᠦᠯᠡᠩ ᠦ᠋ᠨ ᠠᠪᠤᠭᠰᠠᠨ ᠠᠷᠭ᠎ᠠ ᠮᠠᠶᠢᠭ ᠨᠢ ᠵᠣᠬᠢᠮᠵᠢ ᠦᠭᠡᠢ ᠪᠣᠯᠤᠭᠰᠠᠨ ᠨᠢ ᠮᠡᠳᠡᠭᠡᠵᠢ ᠶᠢᠨ ᠬᠡᠷᠡᠭ ᠠ᠋᠃ ᠭᠡᠲᠡᠯ᠎ᠡ ᠦᠵᠡᠰᠬᠦᠯᠡᠩ ᠰᠢᠭ ᠡᠢᠮᠦ ᠨᠢᠭᠡ ᠡᠷᠬᠡ ᠲᠤᠰᠢᠶᠠᠯ ᠦᠭᠡᠢ ᠡᠩ ᠦ᠋ᠨ ᠠᠷᠠᠳ ᠤ᠋ᠨ ᠠᠪᠤᠭᠰᠠᠨ ᠡᠨᠡ ᠠᠷᠭ᠎ᠠ ᠶᠢ ᠪᠤᠷᠤᠭᠤ ᠭᠡᠬᠦ ᠳ᠋ᠦ᠍ ᠪᠠᠰᠠ ᠬᠦᠴᠢᠷᠲᠡᠢ ᠰᠢᠭ᠃ ᠦᠨᠡᠨ ᠳᠦ ᠪᠡᠨ ᠲᠡᠷᠡ ᠪᠠᠬᠠᠨ ᠰᠢᠷᠦᠭᠦᠨ ᠬᠠᠨᠳᠤᠭᠰᠠᠨ ᠪᠣᠯ ᠡᠳᠦᠢ ᠳ᠋ᠦ᠍ ᠰᠠᠨᠠᠭᠠᠨ ᠳᠤ ᠪᠠᠨ ᠬᠦᠷᠦᠭᠰᠡᠨ ᠢ᠋ᠶ᠋ᠡᠷ ᠪᠠᠷᠠᠬᠤ ᠥᠬᠡᠢ ᠠᠮᠢᠳᠤ ᠪᠠᠢᠬᠤ ᠶᠣᠰᠣᠲᠠᠢ᠃
ᠠᠢ ᠳᠠ᠂ ᠡᠮᠡᠭᠲᠡᠢ ᠬᠥᠮᠦᠨ ᠦ᠌ ᠣᠨᠴᠠᠭᠠᠢ ᠰᠡᠳᠬᠢᠬᠦᠢ ᠡᠴᠡ ᠪᠣᠯᠤᠯ᠎ᠠ ᠭᠡᠬᠦ ᠤᠤ? ᠡᠰᠡᠬᠦᠯ᠎ᠡ ᠬᠠᠤᠯᠢ ᠴᠠᠭᠠᠵᠠ ᠶ᠋ᠢᠨ ᠲᠤᠬᠠᠢ ᠮᠡᠳᠡᠯᠭᠡ ᠮᠡᠬᠦᠰ ᠡᠴᠡ ᠨᠢ ᠪᠣᠯᠤᠯ᠎ᠠ ᠭᠡᠬᠦ ᠤᠤ ᠳᠠ᠃ ᠠᠢ᠂ ᠬᠥᠭᠡᠷᠦᠬᠦᠢ ᠳᠡ᠃
ᠲᠦᠪᠰᠢᠨ ᠭᠤᠸᠠᠢ ᠦᠵᠡᠰᠬᠦᠯᠡᠩ ᠦ᠋ᠨ ᠬᠣᠢᠨ᠎ᠠ ᠠ᠋ᠴᠠ ᠦᠨᠡᠬᠡᠷ ᠦᠷᠦ ᠡᠪᠡᠳᠦᠨ ᠭᠠᠰᠢᠭᠤᠳᠠᠨ᠎ᠠ᠃
ᠡᠦ ᠹᠧᠩ ᠮᠧᠢ ᠬᠠᠭᠠᠰ ᠵᠢᠯ ᠦ᠋ᠨ ᠡᠮᠦᠨ᠎ᠡ᠂ ᠲᠡᠷᠡ ᠬᠦ᠌ ᠨᠡᠷ᠎ᠡ ᠪᠡᠨ ᠳᠠᠯᠳᠠᠯᠠᠵᠤ ᠢᠷᠡᠭᠦᠯᠦᠭᠰᠡᠨ ᠳ᠋ᠢᠶᠠᠩᠬᠤᠸᠠ ᠶ᠋ᠢ ᠲᠤᠰᠤᠭᠰᠠᠨ ᠢ᠋ᠶ᠋ᠠᠨ ᠪᠣᠳᠣᠬᠤ ᠳ᠋ᠤ᠌᠂ ᠶᠠᠭ ᠯᠠ ᠦᠵᠡᠰᠬᠦᠯᠡᠩ ᠳ᠋ᠦ᠍ ᠪᠤᠷᠤᠭᠤᠳᠤᠭᠰᠠᠨ ᠳᠡᠭᠡᠷ᠎ᠡ ᠪᠡᠨ ᠪᠤᠷᠤᠭᠤᠳᠴᠤ᠂ ᠥᠷᠢ ᠳᠡᠭᠡᠷ᠎ᠡ ᠪᠡᠨ ᠥᠷᠢ ᠨᠡᠮᠡᠭᠰᠡᠨ ᠮᠡᠲᠦ ᠰᠠᠨᠠᠭᠳᠠᠨ᠎ᠠ᠃ ᠲᠡᠢᠮᠦ ᠠ᠋᠂ ᠲᠡᠷᠡ ᠤᠤᠯ ᠠ᠋ᠴᠠ ᠪᠠᠨ ᠦᠵᠡᠰᠬᠦᠯᠡᠩ ᠳ᠋ᠦ᠍ ᠥᠷᠢ ᠲᠡᠢ ᠪᠠᠢᠭᠰᠠᠨ᠃ ᠡᠨᠡ ᠨᠢ ᠪᠣᠯᠤᠷᠴᠠᠭᠠᠨ ᠲᠠᠢ ᠳᠠᠯᠳᠠᠭᠤᠷ ᠶᠠᠪᠤᠯᠴᠠᠭᠰᠠᠨ ᠠ᠋ᠴᠠ ᠡᠬᠢᠯᠡᠵᠡᠢ᠃ ᠵᠥᠪᠬᠡᠨ ᠤᠬᠠᠮᠰᠠᠷᠠᠵᠤ ᠣᠢᠯᠠᠭᠠᠭᠰᠠᠨ ᠨᠢ ᠬᠣᠢᠨ᠎ᠠ ᠪᠣᠯᠤᠭᠰᠠᠨ ᠲᠡᠳᠦᠢ᠃
ᠠᠢ᠂ ᠵᠠᠶᠠᠭ᠎ᠠ ᠮᠠᠭᠤᠲᠤ ᠡᠦ ᠹᠧᠩ ᠮᠧᠢ! ᠨᠢᠭᠡᠨᠲᠡ ᠰᠢᠷᠬᠠᠲᠤᠯ ᠣᠯᠤᠭᠰᠠᠨ ᠰᠡᠳᠬᠢᠯᠭᠡ ᠭᠡᠨᠡᠳᠲᠡ ᠤᠶᠠᠷᠠᠪᠠᠯ ᠡᠷᠭᠢᠰᠢ ᠦᠭᠡᠢ ᠭᠡᠳᠡᠭ ᠮᠥᠷᠲᠡᠭᠡᠨ ᠰᠠᠯᠵᠤ ᠥᠨᠥᠴᠢᠷᠡᠭᠰᠡᠨ ᠬᠥᠮᠦᠨ ᠨᠥᠬᠥᠷᠯᠡᠯ ᠡᠷᠬᠢᠮᠯᠡᠬᠦ ᠨᠢ ᠴᠤ᠌ ᠣᠨᠴᠠᠭᠠᠢ ᠪᠠᠢᠳᠠᠭ ᠪᠠᠢᠨ᠎ᠠ᠃ ᠪᠣᠯᠤᠷᠴᠠᠭᠠᠨ ᠲᠡᠭᠦᠨ ᠦ᠌ ᠠᠮᠢᠳᠤᠷᠠᠯ ᠤ᠋ᠨ ᠳᠤᠮᠳᠠ ᠣᠷᠣᠵᠤ ᠢᠷᠡᠭᠰᠡᠨ ᠨᠢ ᠡᠭᠡᠨᠡᠭᠲᠡ ᠲᠡᠭᠦᠨ ᠦ᠌ ᠰᠡᠳᠬᠢᠯ ᠰᠠᠨᠠᠭ᠎ᠠ ᠶ᠋ᠢ ᠤᠢᠮᠤᠷᠠᠭᠤᠯᠵᠤ᠂ ᠬᠠᠢᠷ᠎ᠠ ᠰᠡᠳᠬᠢᠯᠭᠡ ᠪᠡᠨ ᠥᠪᠡᠷ ᠢ᠋ᠶ᠋ᠡᠨ ᠵᠢᠯᠣᠭᠣᠳᠴᠤ ᠳᠡᠢᠯᠬᠦ ᠥᠬᠡᠢ ᠬᠡᠮᠵᠢᠶᠡᠨ ᠳ᠋ᠦ᠍ ᠬᠦᠷᠭᠡᠵᠡᠢ᠃
ᠡᠨᠡ ᠨᠢ ᠦᠵᠡᠰᠬᠦᠯᠡᠩ ᠳ᠋ᠦ᠍ ᠨᠡᠭᠡᠷᠡᠨ ᠪᠤᠷᠤᠭᠤᠳᠴᠠᠢ᠃ ᠲᠡᠷᠡ ᠰᠡᠳᠬᠢᠯ ᠦ᠋ᠨ ᠭᠦᠨ ᠡᠴᠡ ᠪᠡᠨ ᠦᠵᠡᠰᠬᠦᠯᠡᠩ ᠢ᠋ ᠪᠢᠰᠢᠷᠡᠨ ᠳᠤᠷᠠᠰᠤᠨ᠎ᠠ᠃ ᠶᠠᠭᠠᠬᠢᠵᠤ ᠲᠠᠢᠯᠪᠤᠷᠢᠯᠠᠨ᠎ᠠ ᠳᠠ᠃ ᠥᠪᠡᠷ ᠢ᠋ᠶ᠋ᠡᠨ ᠴᠤ᠌ ᠬᠡᠯᠡᠵᠦ ᠭᠠᠷᠬᠤ ᠦᠭᠡᠢ ᠰᠡᠳᠬᠢᠯ ᠦ᠋ᠨ ᠪᠤᠳᠤᠯᠢᠶᠠᠨ ᠮᠥᠷᠭᠥᠯᠳᠦᠭᠡᠨ ᠢ᠋ᠶ᠋ᠡᠷ ᠳᠦᠭᠦᠷᠴᠡᠢ᠃ ᠶᠠᠭᠤ ᠴᠤ᠌ ᠪᠣᠯᠤᠭ᠂ ᠲᠡᠭᠦᠨ ᠦ᠌ ᠪᠡᠶ᠎ᠡ ᠳ᠋ᠦ᠍ ᠳᠤᠲᠠᠭᠳᠠᠵᠤ ᠪᠠᠢᠭ᠎ᠠ ᠵᠦᠢᠯ ᠦ᠋ᠳ ᠦᠵᠡᠰᠬᠦᠯᠡᠩ ᠳ᠋ᠦ᠍ ᠪᠠᠢᠬᠤ ᠰᠢᠭ᠋᠃ ᠨᠠᠭᠠᠳᠤ ᠵᠠᠬ᠎ᠠ ᠳᠤ ᠪᠠᠨ ᠲᠡᠷᠡ ᠦᠵᠡᠰᠬᠦᠯᠡᠩ ᠰᠢᠭ ᠲᠡᠰᠪᠦᠷᠢ ᠬᠦᠯᠢᠴᠡᠩᠭᠦᠢ᠂ ᠳᠣᠲᠣᠭᠠᠳᠤ ᠲᠠᠮᠢᠷ ᠥᠭᠡᠢ ᠠᠵᠢ᠃ ᠬᠡᠷᠪᠡ ᠦᠵᠡᠰᠬᠦᠯᠡᠩ ᠦ᠋ᠨ ᠤᠴᠠᠷᠠᠯ ᠲᠣᠬᠢᠶᠠᠯᠳᠤᠯ ᠡᠦ ᠹᠧᠩ ᠮᠧᠢ ᠳ᠋ᠦ᠍ ᠲᠣᠬᠢᠶᠠᠯᠳᠤᠭᠰᠠᠨ ᠪᠣᠯ ᠲᠡᠷᠡ ᠢᠩᠭᠢᠵᠦ ᠨᠠᠷᠢᠨ ᠨᠢᠭᠲᠠ ᠲᠥᠯᠥᠪᠯᠡᠭᠡ ᠲᠣᠭᠲᠠᠭᠠᠨ ᠥᠰᠢᠶ᠎ᠡ ᠪᠡᠨ ᠠᠪᠴᠤ ᠯᠠᠪ ᠴᠢᠳᠠᠬᠤ ᠦᠭᠡᠢ᠃ ᠲᠡᠭᠦᠨ ᠦ᠌ ᠠᠵᠢᠯᠯᠠᠭ᠎ᠠ ᠵᠥᠪ ᠴᠤ᠌ ᠪᠣᠯᠤᠭ᠂ ᠪᠤᠷᠤᠭᠤ ᠴᠤ᠌ ᠪᠣᠯᠤᠭ᠂ ᠣᠳᠣᠬᠠᠨ ᠳ᠋ᠤ᠌ ᠢᠯᠭᠠᠨ ᠴᠠᠭᠠᠪᠤᠷᠯᠠᠬᠤ ᠴᠢᠬᠤᠯᠠ ᠦᠭᠡᠢ᠃ ᠶᠠᠭᠤ ᠴᠤ᠌ ᠪᠣᠯᠤᠭᠰᠠᠨ ᠲᠡᠷᠡ ᠨᠡᠭᠡᠷᠡᠨ ᠨᠢᠭᠡ ᠣᠨᠴᠠᠭᠠᠢ ᠡᠮᠡᠭᠲᠡᠢ᠃ ᠦᠵᠡᠰᠬᠦᠯᠡᠩ ᠦ᠋ᠨ ᠡᠢᠮᠦ ᠭᠡᠳᠡᠭ ᠢ᠋ ᠲᠡᠷᠡ ᠡᠷᠲᠡ ᠮᠡᠳᠡᠭᠰᠡᠨ ᠪᠣᠯ ᠨᠡᠭᠡᠷᠡᠨ ᠳᠠᠭᠠᠵᠤ ᠰᠤᠷᠤᠯᠴᠠᠮᠠᠷ᠁ ᠠᠢ᠂ ᠣᠷᠣᠢᠲᠠᠵᠠᠢ!
ᠲᠡᠷᠡ᠂ ᠦᠵᠡᠰᠬᠦᠯᠡᠩ ᠦ᠋ᠨ ᠠᠮᠢ ᠬᠠᠷ᠎ᠠ ᠴᠠᠭᠠᠨ ᠦᠭᠡᠢ ᠳᠠᠭᠤᠰᠤᠭᠰᠠᠨ ᠳ᠋ᠤ᠌ ᠮᠠᠰᠢ ᠵᠣᠪᠠᠵᠠᠢ᠃ ᠬᠡᠷᠪᠡ ᠥᠨᠥᠳᠥᠷ ᠲᠡᠷᠡ ᠠᠮᠢᠳᠤ ᠪᠠᠢᠭᠰᠠᠨ ᠪᠣᠯ ᠬᠦᠵᠦᠭᠦᠦ ᠶ᠋ᠢ ᠨᠢ ᠲᠡᠪᠡᠷᠢᠨ ᠣᠰᠣᠯ ᠬᠦᠯᠢᠶᠡᠵᠦ᠂ ᠰᠡᠳᠬᠢᠯ ᠦ᠋ᠨ ᠦᠭᠡ ᠪᠡᠨ ᠶᠠᠷᠢᠬᠤ ᠶᠤᠮ᠃ ᠭᠡᠮ ᠨᠢ ᠡᠮᠦᠨ᠎ᠡ ᠪᠡᠨ᠂ ᠭᠡᠮᠰᠢᠯ ᠨᠢ ᠬᠣᠢᠨ᠎ᠠ ᠪᠠᠨ ᠭᠡᠳᠡᠭ ᠦᠭᠡ ᠦᠨᠡᠬᠡᠷ ᠲᠦᠮᠡᠨ ᠵᠥᠪ ᠪᠠᠢᠵᠠᠢ᠃
ᠬᠡᠳᠦᠨ ᠡᠳᠦᠷ ᠦ᠋ᠨ ᠡᠮᠦᠨ᠎ᠡ᠂ ᠡᠦ ᠹᠧᠩ ᠮᠧᠢ ᠠᠮᠢ ᠪᠠᠨ ᠥᠭᠬᠦ ᠪᠡᠷ ᠵᠣᠷᠢᠭ ᠰᠢᠭᠤᠳᠬᠤ ᠳ᠋ᠤ᠌ ᠬᠠᠷᠢᠨ ᠲᠡᠢᠮᠦ ᠴᠤ᠌ ᠶᠡᠬᠡ ᠪᠣᠳᠣᠯᠬᠢᠯᠠᠮᠠᠷ ᠶᠠᠭᠤᠮ᠎ᠠ ᠦᠭᠡᠢ ᠰᠢᠭ ᠰᠠᠨᠠᠭᠳᠠᠵᠤ ᠪᠠᠢᠵᠠᠢ᠃ ᠦᠨᠡᠨ ᠳᠦ ᠪᠡᠨ ᠦᠬᠦᠬᠦ ᠪᠠ ᠠᠮᠢᠳᠤᠷᠠᠬᠤ ᠨᠢ ᠬᠥᠮᠦᠨ ᠦ᠌ ᠠᠮᠢᠳᠤᠷᠠᠯ ᠤ᠋ᠨ ᠬᠣᠶᠠᠷ ᠲᠤᠢᠯ ᠭᠡᠵᠦ ᠬᠡᠯᠡᠵᠦ ᠪᠣᠯᠤᠨ᠎ᠠ᠃ ᠦᠬᠦᠨ᠎ᠡ ᠭᠡᠰᠡᠨ ᠬᠥᠮᠦᠨ ᠳᠠᠬᠢᠭᠠᠳ ᠠᠮᠢᠳᠤᠷᠠᠬᠤ ᠨᠢ ᠬᠡᠴᠢᠨᠡᠭᠡᠨ ᠶᠡᠬᠡ ᠠᠵᠠ ᠵᠠᠪᠰᠢᠶᠠᠨ᠂ ᠬᠤᠪᠢ ᠲᠣᠬᠢᠶᠠᠯ ᠠᠵᠢ᠃ ᠭᠡᠲᠡᠯ᠎ᠡ ᠡᠨᠡ ᠨᠢ ᠲᠡᠭᠦᠨ ᠳ᠋ᠦ᠍ ᠵᠢᠭᠠᠬᠠᠨ ᠴᠤ᠌ ᠪᠠᠶᠠᠷᠯᠠᠬᠤ ᠪᠤᠶᠤ ᠰᠠᠨᠠᠭ᠎ᠠ ᠠᠮᠤᠷᠬᠤ ᠰᠡᠳᠬᠢᠭᠳᠡᠯ ᠥᠭᠭᠦᠭᠰᠡᠨ ᠦᠭᠡᠢ᠃
ᠲᠡᠷᠡ ᠡᠳᠦᠭᠡ ᠴᠤ᠌ ᠦᠵᠡᠰᠬᠦᠯᠡᠩ ᠦ᠋ᠨ ᠬᠤᠢᠨ᠎ᠠ ᠠ᠋ᠴᠠ ᠳᠤᠷᠠᠰᠤᠭᠰᠠᠭᠠᠷ ᠪᠣᠢ᠃ ᠲᠡᠷᠡᠴᠢᠯᠡᠨ ᠡᠨᠡ ᠨᠢ ᠶᠠᠭ ᠯᠠ ᠲᠡᠭᠦᠨ ᠦ᠌ ᠵᠢᠷᠦᠬᠡᠨ ᠳ᠋ᠦ᠍ ᠣᠷᠣᠭᠰᠠᠨ ᠬᠠᠪᠤᠳᠠᠷ ᠰᠢᠭ᠋ ᠲᠡᠭᠦᠨ ᠢ᠋ ᠰᠢᠨᠠᠯᠭᠠᠬᠤ ᠠᠵᠢ᠃ ᠲᠡᠷᠡ ᠥᠪᠡᠷ ᠦ᠋ᠨ ᠰᠡᠳᠬᠢᠯ ᠰᠠᠨᠠᠭᠠᠨ ᠤ᠋ ᠳᠠᠷᠤᠭᠠᠰᠤ ᠲᠠᠷᠴᠢᠯᠠᠭᠠᠯ ᠢ᠋ ᠳᠡᠮᠡᠢ ᠴᠤ᠌ ᠶᠠᠭᠤᠮᠠᠨ ᠳ᠋ᠤ᠌ ᠪᠣᠳᠣᠭᠰᠠᠨ ᠦᠭᠡᠢ᠃ ᠬᠠᠷᠢᠨ ᠶᠢᠷᠲᠢᠨᠴᠦ ᠳ᠋ᠦ᠍ ᠬᠠᠮᠤᠭ ᠤ᠋ᠨ ᠢᠴᠢᠭᠦᠷᠢᠲᠡᠢ ᠬᠥᠮᠦᠨ ᠪᠣᠯᠤᠭᠰᠠᠨ ᠮᠡᠲᠦ ᠡᠷᠬᠡ ᠥᠭᠡᠢ ᠰᠠᠨᠠᠭᠳᠠᠬᠤ ᠨᠢ ᠳᠠᠩᠴᠤ ᠬᠡᠴᠡᠭᠦᠦ ᠪᠠᠢᠯ᠎ᠠ᠃ ᠲᠡᠷᠡ ᠢᠩᠭᠢᠵᠦ ᠪᠣᠳᠣᠬᠤ ᠳ᠋ᠤ᠌ ᠨᠢᠭᠡ ᠯᠡ ᠡᠪ ᠦᠭᠡᠢ ᠰᠠᠨᠠᠭᠳᠠᠨ᠂ ᠨᠢᠭᠤᠷ ᠨᠢ ᠨᠢᠯᠴᠢᠭᠢᠨᠡᠨ ᠬᠠᠯᠠᠵᠤ ᠴᠢᠨᠦᠷᠡᠨ ᠡᠪᠡᠳᠬᠦ ᠰᠢᠭ ᠪᠣᠯᠵᠤ᠂ ᠢᠴᠢᠩᠭᠦᠷᠡᠨ ᠬᠠᠷᠠᠮᠰᠠᠬᠤ ᠰᠡᠳᠬᠢᠯᠭᠡ ᠨᠢ ᠲᠣᠯᠣᠭᠠᠢ ᠪᠠᠨ ᠡᠷᠭᠦᠨ ᠬᠥᠮᠦᠨ ᠢ᠋ ᠬᠠᠷᠠᠬᠤ ᠠ᠋ᠴᠠ ᠵᠢᠷᠦᠬᠡᠰᠢᠶᠡᠮᠡ ᠪᠣᠯᠭᠠᠵᠠᠢ᠃
ᠲᠡᠷᠡ ᠰᠡᠳᠬᠢᠯᠭᠡ ᠪᠡᠨ ᠪᠠᠭ᠎ᠠ ᠲᠣᠭᠲᠠᠭᠠᠭᠠᠳ ᠬᠠᠤᠯᠢ ᠶ᠋ᠢᠨ ᠳᠠᠷᠤᠭ᠎ᠠ ᠶ᠋ᠢ ᠬᠢᠯᠠᠪᠬᠢᠨ ᠬᠠᠷᠠᠯ᠎ᠠ᠃ ᠤᠤᠯ ᠳᠤ ᠪᠠᠨ ᠥᠴᠦᠬᠡᠨ ᠴᠤ᠌ ᠲᠠᠨᠢᠯᠴᠠᠬᠤ ᠦᠭᠡᠢ ᠬᠥᠮᠦᠨ ᠲᠡᠭᠦᠨ ᠳ᠋ᠦ᠍ ᠳᠠᠬᠢᠨ ᠠᠮᠢ ᠨᠠᠰᠤ ᠣᠯᠭᠣᠵᠤ ᠮᠠᠷᠲᠠᠭᠳᠠᠰᠢ ᠦᠭᠡᠢ ᠰᠤᠷᠭᠠᠮᠵᠢ ᠬᠦᠷᠲᠡᠭᠡᠪᠡ᠃ ᠲᠡᠭᠦᠨ ᠦ᠌ ᠬᠡᠯᠡᠵᠦ ᠪᠠᠢᠬᠤ ᠮᠠᠰᠢ ᠵᠣᠬᠢᠰᠲᠠᠢ᠃ ᠬᠤᠪᠢ ᠵᠠᠶᠠᠭ᠎ᠠ ᠶᠠᠮᠠᠷ ᠨᠢᠭᠡᠨ ᠬᠥᠮᠦᠨ ᠳ᠋ᠦ᠍ ᠭᠣᠤᠯᠴᠢ ᠪᠤᠰᠤ ᠪᠠᠷ ᠬᠠᠨᠳᠤᠵᠤ ᠪᠠᠢᠬᠤ ᠪᠢᠰᠢ᠂ ᠬᠠᠷᠢᠨ ᠥᠪᠡᠷ ᠦ᠋ᠨ ᠪᠡᠶ᠎ᠡ ᠳᠦ ᠪᠡᠨ ᠭᠣᠣᠯᠴᠢ ᠣᠪᠣᠷ ᠠᠪᠬᠤ ᠦᠭᠡᠢ ᠬᠥᠮᠦᠨ ᠳ᠋ᠦ᠍ ᠨᠡᠢᠭᠡᠮ ᠨᠠᠢᠳᠠ ᠭᠣᠣᠯᠴᠢ ᠰᠢᠳᠤᠷᠭᠤ ᠶᠢ ᠬᠦᠷᠲᠡᠭᠡᠵᠦ ᠬᠡᠷᠬᠢᠨ ᠴᠢᠳᠠᠬᠤ ᠪᠣᠢ? ᠭᠡᠲᠡᠯ᠎ᠡ ᠡᠨᠡ ᠬᠠᠤᠯᠢ ᠶ᠋ᠢᠨ ᠳᠠᠷᠤᠭ᠎ᠠ ᠠᠮᠢ ᠨᠠᠰᠤ ᠪᠠᠨ ᠴᠤ᠌ ᠬᠠᠢᠬᠤᠷᠤᠯ ᠦᠭᠡᠢ ᠮᠥᠷᠳᠡᠨ ᠪᠠᠢᠴᠠᠭᠠᠭᠠᠳ ᠡᠴᠦᠰ ᠲᠤ ᠪᠠᠨ ᠦᠨᠡᠨ ᠬᠤᠳᠠᠯ ᠢ᠋ ᠢᠯᠡᠷᠡᠭᠦᠯᠦᠨ ᠲᠡᠭᠦᠨ ᠳ᠋ᠦ᠍ ᠭᠣᠣᠯᠴᠢ ᠰᠢᠳᠤᠷᠭᠤ ᠶ᠋ᠢ ᠬᠦᠷᠲᠡᠭᠡᠪᠡ᠃ ᠲᠡᠭᠦᠨ ᠦ᠌ ᠠᠵᠢᠯ ᠳ᠋ᠤ᠌ ᠡᠳᠦᠢ ᠴᠢᠨᠡᠭᠡᠨ ᠶᠠᠷᠰᠢᠭ ᠲᠦᠪᠡᠭ ᠢ᠋ ᠪᠣᠢ ᠪᠣᠯᠭᠠᠵᠤ᠂ ᠲᠡᠷᠡᠴᠢᠯᠡᠨ ᠬᠡᠳᠦᠢ ᠴᠢᠨᠡᠭᠡᠨ ᠬᠥᠯᠥᠰᠥ ᠴᠢᠰᠤ ᠤᠷᠤᠰᠬᠠᠬᠤ ᠳ᠋ᠤ᠌ ᠬᠦᠷᠦᠭᠦᠯᠦᠭᠰᠡᠨ ᠨᠢ ᠪᠦᠷ ᠡᠦ ᠹᠧᠩ ᠮᠧᠢ ᠶ᠋ᠢᠨ ᠭᠣᠣᠯᠴᠢ ᠰᠢᠳᠤᠷᠭᠤ ᠪᠤᠰᠤ ᠠ᠋ᠴᠠ ᠪᠣᠯᠵᠠᠢ᠃
ᠲᠡᠳᠡᠨ ᠦ᠌ ᠶᠠᠷᠢᠶ᠎ᠠ ᠦᠷᠭᠦᠯᠵᠢᠯᠡᠯ᠎ᠡ᠄
— ᠡᠦ ᠹᠧᠩ ᠮᠧᠢ ᠨᠥᠬᠥᠷ ᠠ᠋᠂ ᠲᠤᠰ ᠬᠡᠷᠡᠭ ᠲᠦ᠍ ᠬᠣᠯᠪᠣᠭᠳᠠᠭᠰᠠᠨ ᠪᠦᠬᠦ ᠥᠩᠭᠡᠷᠡᠯᠲᠡ ᠶ᠋ᠢ ᠴᠢᠨᠢ ᠪᠠᠢᠴᠠᠭᠠᠭᠠᠳ ᠮᠠᠨ ᠤ᠋ ᠬᠣᠷᠢᠶ᠎ᠠ ᠴᠢᠨᠦ ᠵᠠᠷᠢᠮ ᠦᠭᠡ ᠶᠠᠷᠢᠶ᠎ᠠ᠂ ᠦᠢᠯᠠ ᠠᠵᠢᠯᠯᠠᠭ᠎ᠠ᠂ ᠵᠢᠰᠢᠶᠠᠯᠠᠪᠠᠯ᠂ ᠬᠣᠷᠢᠭᠤᠯ ᠤ᠋ᠨ ᠭᠠᠵᠠᠷ ᠣᠴᠢᠵᠤ ᠪᠣᠯᠤᠷᠴᠠᠭᠠᠨ ᠳ᠋ᠤ᠌ ᠬᠤᠳᠠᠯ ᠦᠭᠡ ᠬᠡᠯᠡᠵᠦ᠂ ᠬᠠᠭᠤᠷᠮᠠᠭ ᠥᠴᠢᠭ ᠲᠤᠰᠢᠶᠠᠯᠭᠠᠬᠤ ᠪᠣᠯᠭᠠᠭᠰᠠᠨ᠂ ᠬᠣᠶᠠᠳᠤᠭᠠᠷ ᠢᠯᠡ ᠰᠢᠭᠦᠯᠲᠡ ᠳᠡᠭᠡᠷ᠎ᠡ ᠪᠤᠯᠤᠷᠴᠠᠭᠠᠨ ᠢ᠋ ᠠᠪᠤᠷᠠᠬᠤ ᠶ᠋ᠢᠨ ᠲᠥᠯᠥᠭᠡ ᠴᠢ ᠥᠪᠡᠷ ᠢ᠋ᠶ᠋ᠡᠨ ᠦᠨᠡᠨ ᠪᠤᠰᠤ ᠭᠡᠷᠡᠴᠢ ᠬᠢᠭᠰᠡᠨ ᠵᠡᠷᠭᠡ ᠨᠢ ᠨᠢᠭᠡᠨᠲᠡ ᠬᠠᠭᠤᠷᠮᠠᠭ ᠭᠡᠷᠡᠴᠢ ᠵᠣᠬᠢᠶᠠᠭᠰᠠᠨ ᠶᠠᠯ᠎ᠠ ᠳ᠋ᠤ᠌ ᠬᠦᠷᠦᠭᠰᠡᠨ ᠭᠡᠵᠦ ᠦᠵᠡᠵᠦ ᠪᠠᠢᠨ᠎ᠠ᠃ ᠮᠠᠨ ᠤ᠋ ᠤᠯᠤᠰ ᠤ᠋ᠨ ᠡᠷᠡᠭᠦᠦ ᠶᠢᠨ ᠬᠠᠤᠯᠢ ᠶ᠋ᠢᠨ ᠬᠠᠮᠢᠶ᠎ᠠ ᠪᠦᠬᠦᠢ ᠲᠣᠭᠲᠠᠭᠠᠯ ᠵᠤᠷᠪᠤᠰ ᠢ᠋ᠶ᠋ᠠᠷ ᠪᠣᠯ ᠶᠠᠯᠠᠯᠠᠨ ᠰᠢᠢᠳᠬᠡᠪᠡᠯ ᠵᠣᠬᠢᠬᠤ ᠶᠤᠮ᠃ ᠭᠡᠲᠡᠯ᠎ᠡ ᠪᠣᠳᠠᠲᠤ ᠪᠠᠢᠳᠠᠯ ᠨᠢ ᠭᠣᠣᠯᠳᠠᠭᠤ ᠪᠤᠰᠤᠳ ᠬᠥᠮᠦᠨ ᠦ᠌ ᠮᠡᠬᠡᠯᠡᠯ ᠳ᠋ᠦ᠍ ᠬᠠᠭᠤᠷᠲᠠᠵᠤ ᠰᠦᠷᠳᠡᠭᠳᠡᠭᠰᠡᠨ ᠪᠠ ᠬᠣᠵᠢᠮ ᠨᠢ ᠥᠪᠡᠷ ᠦ᠋ᠨ ᠤᠬᠠᠮᠰᠠᠷ ᠡᠴᠡ ᠪᠡᠨ ᠤᠤᠯ ᠬᠡᠷᠡᠭ ᠲᠦ᠍ ᠰᠢᠭᠤᠳ ᠬᠣᠯᠪᠣᠭᠳᠠᠭᠰᠠᠨ ᠮᠠᠰᠢ ᠠᠷᠪᠢᠨ ᠭᠡᠷᠡᠴᠢ ᠪᠠᠷᠢᠮᠲᠠ ᠶᠢᠨ ᠦᠨᠡᠨ ᠪᠠᠢᠳᠠᠯ ᠢ᠋ ᠢᠯᠡ ᠲᠢᠩᠬᠢᠮ ᠳᠡᠭᠡᠷ᠎ᠡ ᠴᠠᠭᠠᠪᠤᠷᠯᠠᠨ ᠲᠤᠰᠢᠶᠠᠭᠰᠠᠨ ᠵᠡᠷᠭᠡ ᠶ᠋ᠢ ᠦᠨᠳᠦᠰᠦᠯᠡᠨ᠂ ᠮᠠᠨ ᠤ᠋ ᠬᠣᠷᠢᠶ᠎ᠠ ᠴᠢᠮ᠎ᠠ ᠶᠢ ᠡᠷᠡᠭᠦᠦ ᠶ᠋ᠢᠨ ᠬᠠᠷᠢᠭᠤᠴᠠᠯᠭ᠎ᠠ ᠠ᠋ᠴᠠ ᠭᠡᠯᠳᠦᠷᠢᠭᠦᠯᠵᠦ ᠠᠭᠤᠴᠢᠯᠠᠨ ᠰᠢᠢᠳᠪᠦᠷᠢᠯᠡᠬᠦ ᠪᠡᠷ ᠲᠣᠭᠲᠠᠵᠠᠢ᠃ ᠬᠣᠵᠢᠮ ᠡᠢᠮᠦ ᠶᠠᠪᠤᠳᠠᠯ ᠠ᠋ᠴᠠ ᠰᠤᠷᠭᠠᠮᠵᠢ ᠠᠪᠬᠤ ᠬᠡᠷᠡᠭᠲᠡᠢ ᠰᠢᠦ᠃
— ᠪᠢ ᠯᠠᠪ ᠰᠤᠷᠭᠠᠮᠵᠢ ᠠᠪᠬᠤ ᠶᠤᠮ᠃
— ᠬᠣᠵᠢᠮ ᠴᠢᠮ᠎ᠠ ᠶᠢ ᠪᠠᠢᠭᠤᠯᠭ᠎ᠠ ᠳᠤ ᠪᠠᠨ ᠪᠤᠴᠠᠭᠰᠠᠨ ᠤ᠋ ᠳᠠᠷᠠᠭ᠎ᠠ ᠪᠢᠳᠡ ᠵᠣᠬᠢᠰᠲᠠᠢ ᠴᠠᠭᠠᠳᠬᠠᠯ ᠬᠢᠬᠦ ᠶᠦᠮ᠃ ᠵᠥᠪᠬᠡᠨ ᠴᠢᠨᠦ ᠲᠡᠷᠡ ᠨᠥᠯᠥᠭᠡ ᠶᠡᠬᠡ ᠲᠠᠢ ᠭᠡᠷᠡᠴᠢ ᠬᠢᠭᠰᠡᠨ ᠶᠠᠪᠤᠳᠠᠯ ᠢ᠋ ᠡᠷᠭᠢᠭᠦᠯᠵᠦ ᠬᠤᠷᠢᠶᠠᠬᠤ ᠳ᠋ᠤ᠌ ᠬᠦᠴᠢᠷ ᠲᠡᠢ ᠪᠣᠯᠤᠭᠰᠠᠨ ᠲᠤᠯᠠ ᠪᠢᠳᠡ ᠪᠦᠭᠦᠳᠡ ᠶᠢ ᠨᠢ ᠴᠠᠭᠠᠳᠬᠠᠵᠤ ᠳᠡᠢᠯᠬᠦ ᠥᠭᠡᠢ ᠪᠠᠢᠵᠤ ᠮᠡᠳᠡᠨ᠎ᠡ᠃
— ᠲᠢᠩᠬᠢᠮ ᠦ᠋ᠨ ᠳᠠᠷᠤᠭ᠎ᠠ ᠠ᠋᠂ ᠪᠢ ᠲᠠᠨ ᠳ᠋ᠤ᠌ ᠲᠠᠯᠠᠷᠬᠠᠭᠠᠳ ᠪᠠᠷᠠᠬᠤ ᠦᠭᠡᠢ᠃ ᠦᠨᠡᠨ ᠢ᠋ ᠬᠡᠯᠡᠪᠡᠯ ᠮᠢᠨᠦ ᠶᠠᠷᠢᠭᠰᠠᠨ ᠵᠦᠢᠯ ᠣᠯᠠᠨ ᠨᠡᠢᠲᠡ ᠶ᠋ᠢᠨ ᠶᠠᠷᠢᠶ᠎ᠠ ᠬᠡᠯᠡᠯᠴᠡᠭᠡᠨ ᠡᠴᠡ ᠵᠠᠢᠯᠠᠵᠤ ᠴᠢᠳᠠᠬᠤ ᠦᠭᠡᠢ ᠭᠡᠵᠦ ᠰᠠᠨᠠᠭᠳᠠᠵᠤ ᠪᠠᠢᠨ᠎ᠠ᠃ ᠪᠢ ᠴᠤ᠌ ᠵᠣᠬᠢᠶᠠᠨ ᠪᠠᠢᠭᠤᠯᠤᠯᠲᠠ ᠶ᠋ᠢᠨ ᠬᠠᠯᠠᠮᠵᠢᠯᠠᠯ ᠢ᠋ᠶ᠋ᠠᠷ ᠤᠬᠠᠭᠠᠷᠠᠭᠰᠠᠨ ᠲᠤᠯᠠ ᠬᠠᠮᠢᠭ᠎ᠠ ᠪᠦᠳᠦᠷᠢᠭᠰᠡᠨ ᠪᠣᠯ ᠲᠡᠨᠳᠡ ᠡᠴᠡ ᠪᠡᠨ ᠪᠣᠰᠴᠤ ᠵᠣᠭᠰᠣᠬᠤ ᠵᠣᠷᠢᠭ ᠲᠠᠢ ᠪᠠᠢᠨ᠎ᠠ᠃ ᠭᠠᠭᠴᠠ ᠬᠦ᠌ ᠬᠣᠵᠢᠮ ᠳᠤ ᠪᠠᠨ ᠭᠤᠸᠠᠨ ᠢᠦᠢ ᠱᠠᠨ ᠤ᠋ ᠶᠠᠯ᠎ᠠ ᠶᠢ ᠨᠡᠢᠲᠡᠯᠡᠬᠦ ᠦᠶ᠎ᠡ ᠳ᠋ᠦ᠍ ᠨᠠᠳᠠ ᠵᠣᠬᠢᠬᠤ ᠴᠠᠭᠠᠳᠬᠠᠯ ᠬᠢᠬᠦ ᠶᠢ ᠬᠦᠰᠡᠶ᠎ᠡ᠃
— ᠡᠨᠡ ᠪᠣᠳᠣᠯ ᠴᠢᠨᠢ ᠶᠡᠬᠡ ᠰᠠᠢᠨ᠃ ᠡᠩ ᠦ᠋ᠨ ᠪᠠᠢᠳᠠᠯ ᠳᠣᠣᠷ᠎ᠠ ᠪᠢᠳᠡ ᠶᠠᠮᠠᠷ ᠨᠢᠭᠡᠨ ᠬᠥᠮᠦᠨ ᠢ᠋ ᠵᠥᠷᠢᠴᠡᠯ ᠵᠥᠷᠢᠯᠳᠦᠭᠡᠨ ᠡᠴᠡ ᠵᠠᠢᠯᠠᠭᠤᠯᠬᠤ ᠭᠡᠵᠦ ᠣᠷᠣᠯᠳᠣᠬᠤ ᠦᠭᠡᠢ᠃ ᠵᠠᠢᠯᠠᠭᠤᠯᠵᠤ ᠴᠤ᠌ ᠴᠢᠳᠠᠬᠤ ᠦᠭᠡᠢ᠃
— ᠭᠡᠲᠡᠯ᠎ᠡ ᠮᠢᠨᠦ ᠪᠣᠳᠣᠬᠤ ᠪᠠᠷ ᠬᠥᠮᠦᠨ ᠵᠠᠪᠠᠯ ᠡᠢᠮᠦ ᠲᠡᠢᠮᠦ ᠶᠠᠷᠢᠶ᠎ᠠ ᠬᠡᠯᠡᠯᠴᠡᠭᠡ ᠶᠢ ᠥᠪᠡᠷ ᠢ᠋ᠶ᠋ᠡᠨ ᠬᠦᠯᠢᠶᠡᠬᠦ ᠴᠢᠬᠤᠯᠠ ᠦᠭᠡᠢ᠂ ᠵᠠᠢᠯᠠᠵᠤ ᠪᠣᠯᠬᠤ ᠨᠥᠬᠥᠴᠡᠯ ᠪᠠᠢᠬᠤ ᠳ᠋ᠤ᠌ ᠵᠠᠪᠠᠯ ᠡᠢᠮᠦ ᠣᠷᠴᠢᠨ ᠲᠣᠭᠣᠷᠢᠨ ᠳ᠋ᠤ᠌ ᠠᠮᠢᠳᠤᠷᠠᠬᠤ ᠨᠢ ᠨᠡᠩ ᠴᠤ᠌ ᠠᠯᠪᠠ ᠪᠠᠷ ᠣᠯᠤᠭᠰᠠᠨ ᠳᠠᠷᠤᠭᠠᠰᠤ ᠪᠢᠰᠢ ᠤᠤ?
— ᠪᠢᠳᠡᠨ ᠳ᠋ᠦ᠍ ᠴᠤ᠌ ᠬᠠᠷᠢᠭᠤᠴᠠᠯᠭ᠎ᠠ ᠠᠯᠳᠠᠭᠰᠠᠨ ᠮᠡᠲᠦ ᠰᠠᠨᠠᠭᠳᠠᠬᠤ ᠶᠤᠮ᠃ ᠦᠭᠡ ᠶᠠᠷᠢᠶᠠᠨ ᠤ᠋ ᠳᠠᠭᠠᠷᠢᠯᠲᠠ ᠨᠢ ᠦᠵᠡᠭᠳᠡᠰᠢ ᠦᠭᠡᠢ ᠬᠢᠲᠤᠭ᠎ᠠ ᠰᠢᠭ᠋ ᠪᠠᠢᠵᠤ ᠬᠥᠮᠦᠨ ᠦ᠌ ᠠᠮᠢ ᠶ᠋ᠢ ᠠᠪᠴᠤ ᠮᠡᠳᠡᠬᠦ ᠶᠦᠮ᠃ ᠵᠥᠪ ᠢ᠋ᠶ᠋ᠡᠷ ᠣᠢᠯᠠᠭᠠᠵᠤ᠂ ᠪᠡᠶ᠎ᠡ ᠳᠦ ᠪᠡᠨ ᠢᠲᠡᠭᠡᠯ ᠲᠡᠢ ᠪᠠᠢᠬᠤ ᠨᠢ ᠶᠠᠭᠤᠨ ᠠ᠋ᠴᠠ ᠴᠤ᠌ ᠴᠢᠬᠤᠯᠠ ᠰᠢᠦ᠃ ᠲᠡᠷᠡᠴᠢᠯᠡᠨ ᠥᠨᠥᠳᠥᠷ ᠴᠢᠮ᠎ᠠ ᠳ᠋ᠤ᠌ ᠬᠡᠯᠡᠵᠦ ᠥᠭᠬᠦ ᠨᠢᠭᠡ ᠰᠠᠢᠨ ᠴᠢᠮᠡᠭᠡ ᠪᠣᠯ ᠬᠦᠦ ᠶᠢ ᠴᠢᠨᠢ ᠴᠢᠮ᠎ᠠ ᠳ᠋ᠤ᠌ ᠥᠭᠬᠦ ᠪᠡᠷ ᠲᠣᠭᠲᠠᠵᠠᠢ᠃ ᠲᠡᠭᠦᠨ ᠦ᠌ ᠡᠷᠭᠦᠭᠰᠡᠨ ᠡᠬᠡ ᠸᠠᠩ ᠯᠠᠨ ᠬᠤᠸᠠ ᠨᠢᠭᠡᠨᠲᠡ ᠬᠣᠣᠷᠯᠠᠭᠳᠠᠵᠤ᠂ ᠡᠴᠢᠭᠡ ᠨᠢ ᠪᠠᠷᠢᠪᠴᠢᠯᠠᠭᠳᠠᠭᠰᠠᠨ ᠲᠤᠯᠠ ᠲᠡᠭᠦᠨ ᠳ᠋ᠦ᠍ ᠲᠦᠰᠢᠭ ᠲᠤᠯᠭᠠᠭᠤᠷᠢ ᠦᠭᠡᠢ ᠪᠣᠯᠵᠠᠢ᠃ ᠬᠠᠤᠯᠢ ᠶ᠋ᠢᠨ ᠲᠣᠭᠲᠠᠭᠠᠯ ᠵᠤᠷᠪᠤᠰ ᠢ᠋ᠶ᠋ᠠᠷ ᠦᠵᠡᠪᠡᠯ᠂ ᠲᠠ ᠡᠨᠡ ᠬᠡᠦᠬᠡᠳ ᠢ᠋ ᠠᠪᠴᠤ ᠬᠥᠮᠦᠵᠢᠭᠦᠯᠦᠨ ᠥᠰᠬᠡᠬᠦ ᠵᠠᠢᠯᠠᠰᠢ ᠦᠭᠡᠢ ᠡᠭᠦᠷᠭᠡ ᠬᠠᠷᠢᠭᠤᠴᠠᠯᠭ᠎ᠠ ᠲᠠᠢ᠃ ᠲᠠᠨᠤᠰ ᠤ᠋ᠨ ᠦᠶ᠎ᠡ ᠳ᠋ᠦ᠍ ᠪᠣᠢ ᠪᠣᠯᠤᠭᠰᠠᠨ ᠵᠥᠷᠢᠴᠡᠯ ᠮᠥᠷᠭᠥᠯᠳᠦᠭᠡᠨ᠂ ᠥᠰᠢᠶ᠎ᠡ ᠬᠣᠷᠣᠰᠤᠯ ᠢ᠋ ᠨᠢᠭᠡᠨᠲᠡ ᠥᠩᠭᠡᠷᠡᠭᠰᠡᠨ ᠬᠡᠷᠡᠭ ᠢ᠋ᠶ᠋ᠡᠷ ᠦᠵᠡᠵᠦ ᠲᠠᠬᠢᠵᠤ ᠡᠷᠭᠢᠴᠡᠭᠦᠯᠬᠦ ᠥᠭᠡᠢ ᠪᠣᠯ ᠵᠣᠬᠢᠨ᠎ᠠ᠃ ᠶᠠᠭᠠᠬᠢᠭᠰᠠᠨ ᠴᠤ᠌ ᠳᠠᠬᠢᠭᠠᠳ ᠬᠣᠢᠴᠢ ᠦᠶ᠎ᠡ ᠶ᠋ᠢ ᠨᠥᠯᠥᠭᠡᠯᠡᠵᠦ ᠪᠣᠯᠬᠤ ᠦᠭᠡᠢ ᠶᠦᠮ᠃ ᠴᠢᠨᠦ ᠲᠡᠷᠡ ᠬᠦᠦ ᠨᠠᠰᠤ ᠪᠠᠭ᠎ᠠ᠂ ᠲᠡᠭᠡᠭᠡᠳ ᠪᠠᠰᠠ ᠶᠠᠭ ᠰᠠᠢᠬᠠᠨ ᠪᠢᠴᠢᠭ ᠦᠵᠡᠵᠦ ᠪᠠᠢᠨ᠎ᠠ᠃ ᠬᠡᠷᠪᠡ ᠲᠡᠭᠦᠨ ᠳ᠋ᠦ᠍ ᠲᠠᠨᠤᠰ ᠤ᠋ᠨ ᠬᠠᠷᠢᠴᠠᠭ᠎ᠠ ᠬᠣᠯᠪᠣᠭ᠎ᠠ ᠶ᠋ᠢ ᠮᠡᠳᠡᠭᠳᠡᠪᠡᠯ ᠰᠤᠷᠤᠯᠭ᠎ᠠ ᠶᠢ ᠨᠢ ᠨᠥᠯᠥᠭᠡᠯᠡᠬᠦ ᠪᠣᠯᠤᠨ᠎ᠠ᠃ ᠲᠡᠷᠡ ᠳᠠᠪᠠᠵᠤ ᠳᠡᠢᠯᠦᠰᠢ ᠦᠭᠡᠢ ᠴᠣᠬᠢᠯᠲᠠ ᠳᠠᠷᠤᠭᠠᠰᠤ ᠳ᠋ᠤ᠌ ᠤᠴᠠᠷᠠᠵᠤ ᠮᠡᠳᠡᠨ᠎ᠡ᠃
— ᠡᠦ ᠹᠧᠩ ᠮᠧᠢ ᠠ᠋᠂ ᠨᠢᠭᠡ ᠬᠥᠮᠦᠨ ᠥᠪᠡᠷ ᠦ᠋ᠨ ᠦᠢᠯᠡ ᠠᠵᠢᠯᠯᠠᠭ᠎ᠠ ᠳᠤ ᠪᠠᠨ ᠬᠠᠷᠢᠭᠤᠴᠠᠪᠠᠯ ᠵᠣᠬᠢᠨ᠎ᠠ᠃ ᠨᠢᠳᠦᠨ ᠡᠮᠦᠨᠡᠬᠢ ᠪᠣᠳᠠᠲᠤ ᠪᠠᠢᠳᠠᠯ ᠳ᠋ᠤ᠌ ᠬᠠᠷᠢᠭᠤᠴᠠᠬᠤ ᠣᠪᠣᠷ ᠢ᠋ᠶ᠋ᠠᠷ ᠬᠠᠨᠳᠤᠪᠠᠯ ᠨᠡᠩ ᠵᠣᠬᠢᠨ᠎ᠠ᠂ ᠲᠡᠢᠮᠦ ᠪᠢᠰᠢ ᠤᠤ?
— ᠡᠭᠦᠨ ᠢ᠋ ᠪᠦᠷ ᠣᠢᠯᠠᠭᠠᠨ᠎ᠠ᠃ ᠬᠣᠵᠢᠮ ᠪᠢ ᠲᠠᠨ ᠤ᠋ ᠬᠡᠯᠡᠭᠰᠡᠨ ᠢ᠋ ᠪᠣᠳᠣᠵᠤ ᠶᠠᠪᠤᠬᠤ ᠶᠤᠮ ᠰᠢᠦ! ᠪᠢ ᠬᠡᠦᠬᠡᠳ ᠲᠡᠢ ᠪᠣᠯᠬᠤ ᠶᠢ ᠬᠡᠴᠢᠨᠡᠭᠡᠨ ᠰᠠᠨᠠᠬᠤ ᠦᠭᠡᠢ ᠪᠣᠢ? ᠢᠯᠠᠩᠭᠤᠶ᠎ᠠ ᠡᠨᠡ ᠬᠡᠦᠬᠡᠳ ᠢ᠋᠁ ᠪᠢ ᠥᠩᠭᠡᠷᠡᠭᠰᠡᠨ ᠳ᠋ᠦ᠍ ᠬᠦᠦ ᠳᠦ ᠪᠡᠨ ᠣᠯᠠᠨ ᠲᠠᠯ᠎ᠠ ᠪᠠᠷ ᠣᠰᠣᠯᠳᠠᠵᠠᠢ᠃ ᠭᠡᠪᠡᠴᠦ ᠮᠢᠨᠦ ᠴᠢᠰᠤ ᠮᠢᠬᠠᠨ ᠤ᠋ ᠲᠠᠰᠤᠷᠬᠠᠢ ᠪᠣᠯᠬᠣᠷ ᠨᠠᠳᠠ ᠥᠭᠬᠦ ᠨᠢ ᠨᠡᠭᠡᠷᠡᠨ ᠠᠵᠠ ᠵᠠᠪᠰᠢᠶᠠᠨ᠃ ᠭᠠᠭᠴᠠ ᠬᠦ᠌ ᠬᠣᠵᠢᠮ᠁ ᠬᠣᠵᠢᠮ ᠪᠢ ᠡᠨᠡ ᠬᠡᠦᠬᠡᠳ ᠲᠦ᠍ ᠡᠳᠡᠭᠡᠷ ᠬᠠᠷᠢᠴᠠᠭ᠎ᠠ ᠬᠣᠯᠪᠣᠭ᠎ᠠ ᠶ᠋ᠢ ᠶᠠᠭᠠᠬᠢᠵᠤ ᠲᠠᠢᠯᠪᠤᠷᠢᠯᠠᠳᠠᠭ ᠪᠢᠯᠡ?
— ᠡᠨᠡ ᠠᠮᠠᠷᠬᠠᠨ᠃ ᠲᠡᠷᠡ ᠡᠳᠦᠭᠡ ᠪᠣᠯᠲᠠᠯ᠎ᠠ ᠸᠠᠩ ᠯᠠᠨ ᠬᠤᠸᠠ ᠬᠣᠣᠷᠯᠠᠭᠳᠠᠵᠤ᠂ ᠭᠤᠸᠠᠨ ᠢᠦᠢ ᠱᠠᠨ ᠪᠠᠷᠢᠪᠴᠢᠯᠠᠭᠳᠠᠭᠰᠠᠨ ᠢ᠋ ᠮᠡᠳᠡᠭᠡᠳᠦᠢ ᠪᠠᠢᠭᠰᠠᠭᠠᠷ᠃ ᠪᠢᠳᠡ ᠲᠡᠭᠦᠨ ᠳ᠋ᠦ᠍ ᠲᠡᠷᠡ ᠪᠣᠯ ᠲᠡᠵᠢᠭᠡᠪᠦᠷᠢ ᠬᠡᠦᠬᠡᠳ ᠭᠡᠵᠦ ᠬᠡᠯᠡᠵᠦ ᠥᠭᠭᠦᠭᠡᠳ ᠳᠠᠷᠠᠭ᠎ᠠ ᠨᠢ ᠡᠮᠦᠨ᠎ᠡ ᠬᠡᠳᠦᠨ ᠡᠳᠦᠷ ᠠᠪᠤ ᠴᠢᠨᠢ ᠪᠣᠯᠤᠨ ᠡᠷᠭᠦᠭᠰᠡᠨ ᠡᠬᠡ ᠴᠢᠨᠢ ᠲᠡᠷᠭᠡᠨ ᠡᠨᠳᠡᠯ ᠢ᠋ᠶ᠋ᠡᠷ ᠨᠠᠰᠤ ᠪᠠᠷᠠᠭᠰᠠᠨ ᠲᠤᠯᠠ ᠣᠳᠣ ᠴᠢᠮ᠎ᠠ ᠶᠢ ᠲᠥᠷᠥᠭᠰᠡᠨ ᠡᠬᠡ ᠳ᠋ᠦ᠍ ᠴᠢᠨᠢ ᠥᠭᠭᠦᠨ᠎ᠡ ᠭᠡᠵᠦ ᠲᠠᠢᠯᠪᠤᠷᠢᠯᠠᠬᠤ ᠪᠠᠷ ᠲᠣᠭᠲᠠᠭᠰᠠᠨ ᠶᠤᠮ᠃ ᠬᠣᠵᠢᠮ ᠲᠣᠮᠣ ᠪᠣᠯᠤᠭᠰᠠᠨ ᠤ᠋ ᠳᠠᠷᠠᠭ᠎ᠠ ᠥᠪᠡᠷ ᠢ᠋ᠶ᠋ᠡᠨ ᠮᠥᠷᠳᠡᠪᠡᠯ ᠪᠣᠳᠠᠲᠤ ᠪᠠᠢᠳᠠᠯ ᠢ᠋ ᠨᠢ ᠦᠨᠳᠦᠰᠦᠯᠡᠵᠦ ᠪᠠᠢᠭᠠᠳ ᠶᠠᠮᠠᠷ ᠨᠢᠭᠡᠨ ᠠᠷᠭ᠎ᠠ ᠬᠡᠯᠪᠡᠷᠢ ᠪᠡᠷ ᠶᠦᠮ ᠤᠤ᠂ ᠡᠰᠡᠬᠦᠯ᠎ᠡ ᠦᠨᠡᠨ ᠢ᠋ᠶ᠋ᠡᠷ ᠨᠢ ᠲᠤᠰᠬᠠᠨ ᠲᠠᠢᠯᠪᠤᠷᠢᠯᠠᠵᠤ ᠪᠣᠯᠬᠤ ᠶᠤᠮ᠃ ᠲᠠ ᠦᠵᠡᠪᠡᠯ?
ᠡᠦ ᠹᠧᠩ ᠮᠧᠢ ᠶᠠᠭᠤ ᠭᠡᠵᠦ ᠬᠠᠷᠢᠭᠤᠯᠤᠨ᠎ᠠ ᠪᠣᠢ? ᠲᠡᠷᠡ ᠨᠡᠭᠡᠷᠡᠨ ᠶᠠᠭᠤ ᠭᠡᠵᠦ ᠬᠡᠯᠡᠬᠦ ᠪᠡᠨ ᠣᠯᠵᠤ ᠶᠠᠳᠠᠨ᠎ᠠ᠃
ᠲᠡᠷᠡ ᠤᠳᠠᠯ ᠦᠭᠡᠢ ᠨᠢᠭᠡ ᠬᠡᠦᠬᠡᠳ ᠲᠡᠢ ᠪᠣᠯᠤᠨ᠎ᠠ᠃ ᠲᠡᠭᠦᠨ ᠦ᠌ ᠨᠠᠰᠤ ᠭᠤᠴᠢᠨ ᠲᠠᠪᠤ ᠶ᠋ᠢ ᠳᠠᠪᠠᠬᠤ ᠳ᠋ᠤ᠌ ᠬᠡᠦᠬᠡᠳ ᠲᠡᠢ ᠪᠣᠯᠬᠤ ᠬᠦᠰᠡᠯ ᠤᠯᠠᠮ ᠨᠡᠮᠡᠭᠳᠡᠨ ᠵᠠᠷᠢᠮ ᠳᠤ ᠪᠠᠨ ᠬᠡᠦᠬᠡᠳ ᠲᠡᠢ ᠪᠣᠯᠤᠯ᠎ᠠ ᠭᠡᠵᠦ ᠵᠡᠭᠦᠳᠦᠯᠡᠭᠡᠳ ᠰᠣᠴᠢᠨ ᠰᠡᠷᠡᠵᠦ᠂ ᠰᠠᠢᠨ ᠮᠠᠭᠤ ᠢᠷᠣ᠎ᠠ ᠶ᠋ᠢᠨ ᠠᠯᠢ ᠨᠢ ᠪᠣᠯ ᠭᠡᠵᠦ ᠰᠠᠨᠠᠭ᠎ᠠ ᠵᠣᠪᠠᠨ ᠰᠠᠭᠤᠳᠠᠭ ᠪᠠᠢᠵᠠᠢ᠃
ᠦᠨᠡᠬᠡᠷ ᠰᠠᠨᠠᠮᠰᠠᠷ ᠦᠭᠡᠢ᠃ ᠡᠦ ᠹᠧᠩ ᠮᠧᠢ ᠡᠨᠡ ᠨᠠᠰᠤᠨ ᠳᠤ ᠪᠠᠨ ᠪᠠᠰᠠ ᠬᠡᠦᠬᠡᠳ ᠲᠡᠢ ᠪᠣᠯᠬᠤ ᠬᠤᠪᠢ ᠢᠷᠦᠭᠡᠯ ᠲᠡᠢ ᠪᠠᠢᠭᠰᠠᠨ ᠠᠵᠢ᠃ ᠲᠡᠷᠡ ᠮᠥᠷᠲᠡᠭᠡᠨ ᠥᠪᠡᠷ ᠦ᠋ᠨ ᠶᠠᠰᠤ ᠮᠢᠬᠠᠨ ᠤ᠋ ᠲᠠᠰᠤᠷᠬᠠᠢ ᠶ᠋ᠢ ᠣᠯᠵᠤ ᠠᠪᠬᠤ ᠨᠢ᠁ ᠡᠨᠡ ᠬᠦᠦ ᠶ᠋ᠢᠨ ᠨᠢᠭᠤᠴᠠ ᠬᠠᠷᠢᠴᠠᠭᠠᠨ ᠤ᠋ ᠲᠥᠯᠥᠭᠡ ᠬᠣᠶᠠᠷ ᠬᠥᠮᠦᠨ ᠬᠣᠣᠷᠯᠠᠭᠳᠠᠵᠤ᠂ ᠪᠠᠰᠠ ᠬᠣᠶᠠᠷ ᠬᠥᠮᠦᠨ ᠠᠮᠢ ᠪᠠᠨ ᠥᠭᠬᠦ ᠣᠢᠷᠠᠲᠤᠭᠰᠠᠨ᠃ ᠭᠡᠲᠡᠯ᠎ᠡ ᠡᠴᠦᠰ ᠲᠤ ᠪᠠᠨ ᠲᠥᠷᠥᠭᠰᠡᠨ ᠡᠴᠢᠭᠡ ᠨᠢ ᠬᠠᠤᠯᠢ ᠶ᠋ᠢᠨ ᠲᠣᠣᠷ ᠲᠤ᠌ ᠤᠨᠠᠵᠤ ᠲᠣᠯᠣᠭᠠᠢ ᠪᠠᠨ ᠠᠯᠳᠠᠬᠤ ᠦᠶ᠎ᠡ ᠳ᠋ᠦ᠍ ᠰᠠᠶᠢ ᠲᠡᠦᠬᠡ ᠶ᠋ᠢᠨ ᠦᠨᠡᠨ ᠴᠠᠭᠠᠨ ᠢᠯᠡᠷᠡᠵᠦ᠂ ᠡᠬᠡ ᠬᠦᠦ ᠢᠩᠭᠢᠵᠦ ᠨᠢᠭᠡᠳᠦᠭᠰᠡᠨ ᠨᠢ ᠬᠤᠪᠢ ᠵᠠᠶᠠᠭᠠᠨ ᠤ᠋ ᠲᠣᠬᠢᠷᠠᠭᠤᠯᠤᠯᠲᠠ ᠪᠠᠢᠬ᠎ᠠ᠃
ᠡᠦ ᠹᠧᠩ ᠮᠧᠢ᠂ ᠭᠤᠸᠠᠨ ᠢᠦᠢ ᠱᠠᠨ ᠢ᠋ ᠵᠢᠷᠦᠬᠡᠨ ᠡᠴᠡ ᠪᠡᠨ ᠵᠠᠨᠤᠨ ᠬᠣᠷᠣᠰᠤᠭᠰᠠᠭᠠᠷ ᠪᠠᠢᠯ᠎ᠠ᠃ ᠡᠨᠡ ᠬᠦ᠌ ᠵᠠᠩᠭᠢᠷᠠᠵᠤ ᠪᠠᠢᠭ᠎ᠠ ᠵᠠᠨᠤᠯ᠂ ᠪᠤᠴᠠᠯᠵᠤ ᠪᠠᠢᠭ᠎ᠠ ᠬᠣᠷᠣᠰᠤᠯ᠂ ᠪᠣᠳᠣᠬᠤ ᠳ᠋ᠤ᠌ ᠬᠡᠵᠢᠶ᠎ᠡ ᠬᠣᠢᠨ᠎ᠠ ᠲᠦᠮᠡᠨᠨᠠᠰᠤᠲᠤ ᠬᠣᠲᠠ ᠶ᠋ᠢᠨ ᠴᠠᠭᠠᠵᠠ ᠶ᠋ᠢᠨ ᠲᠠᠯᠠᠪᠠᠢ ᠳ᠋ᠤ᠌ ᠳᠤᠤᠭᠠᠷᠬᠤ ᠫᠤᠤ ᠶ᠋ᠢᠨ ᠳᠠᠭᠤᠨ ᠳ᠋ᠤ᠌ ᠳᠠᠢᠯᠤᠭᠳᠠᠬᠤ ᠪᠠᠢᠬ᠎ᠠ᠃
ᠡᠦ ᠹᠧᠩ ᠮᠧᠢ ᠳ᠋ᠦ᠍ ᠬᠦᠦ ᠪᠡᠨ ᠡᠨᠡᠷᠢᠵᠦ ᠦᠷᠦ ᠡᠪᠡᠳᠬᠦ ᠰᠡᠳᠬᠢᠯ ᠣᠢᠯᠣᠨ ᠪᠤᠴᠠᠯᠤᠭᠰᠠᠭᠠᠷ᠃ ᠡᠨᠡ ᠨᠢ ᠡᠴᠢᠭᠡ ᠶ᠋ᠢᠨ ᠬᠢᠨᠢ ᠬᠣᠣᠷ ᠬᠥᠨᠥᠭᠡᠯ᠂ ᠬᠠᠭᠤᠷᠮᠠᠭ ᠮᠡᠬᠡᠨ ᠳ᠋ᠦ᠍ ᠳᠠᠷᠤᠭᠳᠠᠭ᠎ᠠ ᠦᠭᠡᠢ᠃ ᠬᠠᠷᠢᠨ ᠡᠰᠡᠷᠭᠦ ᠨᠢ ᠬᠦᠦ ᠳ᠋ᠦ᠍ ᠮᠢᠨᠢ ᠠᠷᠢᠭᠤᠨ ᠴᠡᠪᠡᠷ ᠴᠢᠰᠤ ᠤᠷᠤᠰᠴᠤ᠂ ᠥᠰᠴᠦ ᠲᠥᠷᠥᠭᠰᠡᠨ ᠨᠢ ᠬᠢᠮᠤᠰᠤᠨ ᠲᠡᠳᠦᠢ ᠴᠤ᠌ ᠶᠠᠯ᠎ᠠ ᠦᠭᠡᠢ᠃ ᠡᠬᠡ ᠨᠢ ᠬᠦᠦ ᠪᠡᠨ ᠰᠠᠢᠨ ᠬᠥᠮᠦᠵᠢᠭᠦᠯᠵᠦ ᠨᠡᠢᠭᠡᠮ ᠳ᠋ᠦ᠍ ᠬᠡᠷᠡᠭ ᠲᠡᠢ ᠬᠥᠮᠦᠨ ᠪᠣᠯᠭᠠᠬᠤ ᠨᠢ ᠮᠥᠷᠦᠨ ᠳᠡᠭᠡᠷ᠎ᠡ ᠲᠠᠯᠪᠢᠭᠳᠠᠭᠰᠠᠨ ᠬᠦᠨᠳᠦ ᠡᠭᠦᠷᠭᠡ ᠪᠣᠯᠤᠨ᠎ᠠ ᠭᠡᠮᠡᠨ ᠵᠠᠢᠯᠠᠰᠢ ᠦᠭᠡᠢ ᠪᠣᠳᠣᠵᠠᠢ᠃
ᠲᠡᠷᠡ ᠢᠩᠭᠢᠵᠦ ᠪᠣᠳᠣᠭᠰᠠᠭᠠᠷ ᠪᠠᠢᠭᠠᠳ ᠰᠡᠳᠬᠢᠯ ᠨᠢ ᠤᠶᠠᠷᠠᠨ ᠰᠢᠮᠰᠢᠷᠡᠵᠦ ᠲᠦᠪᠰᠢᠨ ᠦ᠌ ᠡᠮᠦᠨ᠎ᠡ ᠲᠡᠰᠴᠦ ᠴᠢᠳᠠᠭᠰᠠᠨ ᠦᠭᠡᠢ ᠱᠣᠷᠬᠢᠷᠠᠨ ᠤᠬᠢᠯᠠᠵᠠᠢ᠃ ᠲᠦᠪᠰᠢᠨ ᠳᠠᠬᠢᠨ ᠳᠠᠪᠲᠠᠨ ᠲᠠᠢᠳᠬᠤᠷᠠᠭᠤᠯᠬᠤ ᠳ᠋ᠤ᠌ ᠲᠡᠷᠡ ᠰᠠᠶᠢ ᠰᠡᠳᠬᠢᠯ ᠲᠣᠭᠲᠠᠨ᠄
— ᠲᠢᠩᠬᠢᠮ ᠦ᠋ᠨ ᠳᠠᠷᠤᠭ᠎ᠠ ᠠ᠋᠂ ᠪᠢ ᠣᠳᠣ ᠳᠣᠭᠳᠣᠯᠤᠭᠰᠠᠨ ᠰᠡᠳᠬᠢᠯᠭᠡ ᠪᠡᠨ ᠴᠣᠬᠣᠮ ᠶᠠᠭᠠᠬᠢᠵᠤ ᠢᠯᠡᠳᠬᠡᠬᠦ ᠪᠡᠨ ᠣᠯᠵᠤ ᠶᠠᠳᠠᠵᠤ ᠪᠠᠢᠨ᠎ᠠ᠃ ᠲᠢᠩᠬᠢᠮ ᠦ᠋ᠨ ᠳᠠᠷᠤᠭ᠎ᠠ ᠠ᠋᠂ ᠬᠥᠮᠦᠨ ᠨᠢᠭᠡ ᠨᠠᠰᠤᠨ ᠳᠤ ᠪᠠᠨ ᠬᠡᠴᠢᠨᠡᠭᠡᠨ ᠰᠠᠨᠠᠭᠠᠨ ᠠ᠋ᠴᠠ ᠭᠠᠳᠠᠨᠠᠬᠢ ᠤᠴᠠᠷᠠᠯ ᠲᠣᠬᠢᠶᠠᠯ ᠳ᠋ᠤ᠌ ᠲᠠᠭᠠᠷᠠᠯᠳᠤᠬᠤ ᠪᠢᠯᠡ? ᠲᠠᠨ ᠲᠠᠢ ᠪᠢ ᠡᠢᠮᠦ ᠨᠢᠭᠡ ᠨᠠᠷᠢᠨ ᠪᠤᠳᠤᠯᠢᠶᠠᠨ ᠲᠠᠢ ᠣᠷᠴᠢᠨ ᠲᠣᠭᠣᠷᠢᠨ ᠳ᠋ᠤ᠌ ᠲᠠᠨᠢᠯᠴᠠᠭᠰᠠᠨ ᠢ᠋ᠶ᠋ᠠᠨ ᠬᠡᠵᠢᠶᠡᠳᠡ ᠮᠠᠷᠲᠠᠰᠢ ᠦᠭᠡᠢ᠃ ᠨᠡᠭᠡᠷᠡᠨ ᠲᠠᠬᠢᠵᠤ ᠠᠮᠢᠯᠠᠭᠤᠯᠤᠭᠰᠠᠨ᠃ ᠲᠠ ᠨᠡᠭᠡᠷᠡᠨ᠁
ᠲᠦᠪᠰᠢᠨ ᠭᠠᠷ ᠢ᠋ᠶ᠋ᠠᠨ ᠤᠷᠲᠤᠬᠠᠨ ᠰᠠᠵᠢᠨ ᠲᠡᠭᠦᠨ ᠦ᠌ ᠦᠭᠡ ᠶ᠋ᠢ ᠵᠣᠭᠰᠣᠭᠠᠭᠠᠳ᠄
— ᠦᠨᠡᠬᠡᠷ ᠨᠠᠰᠤᠨ ᠳᠤ ᠪᠠᠨ ᠮᠠᠷᠲᠠᠬᠤ ᠦᠭᠡᠢ ᠪᠠᠢᠵᠤ ᠮᠡᠳᠡᠨ᠎ᠡ᠃ ᠡᠢᠮᠦ ᠨᠢᠭᠡ ᠨᠠᠷᠢᠨ ᠪᠤᠳᠤᠯᠢᠶᠠᠨ ᠲᠠᠢ᠂ ᠶᠠᠷᠰᠢᠭ ᠲᠦᠪᠡᠭ ᠲᠡᠢ ᠬᠡᠷᠡᠭ ᠢ᠋ ᠢᠩᠭᠢᠵᠦ ᠪᠦᠷᠢᠨ ᠭᠦᠢᠴᠡᠳ ᠢᠯᠭᠠᠷᠠᠭᠤᠯᠤᠭᠰᠠᠨ ᠨᠢ ᠨᠠᠳᠠ ᠠᠪᠴᠤ ᠬᠡᠯᠡᠭᠰᠡᠨ ᠴᠤ᠌ ᠦᠨᠡᠬᠡᠷ ᠣᠮᠣᠭᠰᠢᠯ ᠲᠠᠢ ᠮᠥᠷᠲᠡᠭᠡᠨ ᠮᠡᠷᠭᠡᠵᠢᠯ ᠴᠢᠳᠠᠪᠤᠷᠢ ᠭᠡᠵᠦ ᠰᠠᠨᠠᠭᠳᠠᠬᠤ ᠶᠤᠮ᠃ ᠬᠥᠮᠦᠨ ᠵᠠᠷᠢᠮ ᠳᠤ ᠪᠠᠨ ᠥᠪᠡᠷ ᠦ᠋ᠨ ᠪᠣᠳᠣᠯ ᠰᠠᠨᠠᠯ ᠢ᠋ᠶ᠋ᠠᠨ ᠴᠤ᠌ ᠲᠣᠭᠲᠠᠭᠠᠵᠤ ᠴᠢᠳᠠᠬᠤ ᠦᠭᠡᠢ ᠶᠦᠮ ᠴᠢᠨᠢ ᠶᠢᠷᠲᠢᠨᠴᠦ ᠶ᠋ᠢᠨ ᠬᠡᠷᠡᠭ ᠢ᠋ ᠶᠠᠭᠠᠬᠢᠯ᠎ᠠ ᠭᠡᠵᠦ ᠲᠡᠢᠮᠦ ᠰᠠᠢᠬᠠᠨ ᠤᠷᠢᠳᠴᠢᠯᠠᠨ ᠮᠡᠳᠡᠵᠦ ᠳᠡᠢᠯᠬᠦ ᠪᠣᠢ? ᠵᠥᠪᠬᠡᠨ ᠵᠠᠷᠢᠮ ᠬᠡᠷᠡᠭ ᠨᠢᠭᠤᠴᠠ ᠳᠠᠯᠳᠠ ᠪᠠᠢᠯ᠎ᠠ ᠭᠡᠳ ᠬᠥᠭᠵᠢᠯ ᠥᠷᠨᠢᠯ ᠳᠦ ᠪᠡᠨ ᠬᠦᠷᠪᠡᠯ ᠠᠶᠠᠨᠳᠠᠭᠠᠨ ᠯᠡᠪᠡᠷᠡᠬᠦ ᠶᠦᠮ᠃
ᠡᠨᠡ ᠨᠢ ᠶᠠᠭᠠᠬᠢᠭᠰᠠᠨ ᠴᠤ᠌ ᠲᠦᠪᠰᠢᠨ ᠦ᠌ ᠡᠳᠦᠢ ᠲᠡᠳᠦᠢ ᠴᠢᠷᠮᠠᠢᠯᠭ᠎ᠠ ᠵᠠᠷᠤᠴᠠᠭᠤᠯᠤᠨ ᠨᠥᠬᠥᠴᠡᠯ ᠪᠦᠷᠢᠯᠳᠦᠭᠦᠯᠦᠭᠰᠡᠨ ᠲᠡᠢ ᠰᠠᠯᠤᠰᠢ ᠦᠭᠡᠢ ᠬᠣᠯᠪᠣᠭ᠎ᠠ ᠲᠠᠢ ᠶᠤᠮ᠃
— ᠡᠢᠮᠦᠷᠬᠦᠦ ᠪᠣᠳᠣᠵᠤ ᠰᠡᠳᠬᠢᠵᠦ ᠣᠯᠬᠤ ᠳ᠋ᠤ᠌ ᠪᠡᠷᠬᠡ ᠠᠮᠢᠳᠤᠷᠠᠯ ᠤ᠋ᠨ ᠤᠴᠠᠷᠠᠯ ᠲᠣᠬᠢᠶᠠᠯ ᠬᠡᠨ ᠳ᠋ᠦ᠍ ᠴᠤ᠌ ᠲᠣᠬᠢᠶᠠᠯᠳᠤᠵᠤ ᠮᠡᠳᠡᠨ᠎ᠡ᠃ ᠲᠡᠷᠡ ᠨᠢ ᠲᠡᠭᠡᠭᠡᠳ ᠬᠥᠮᠦᠨ ᠦ᠌ ᠬᠤᠪᠢ ᠵᠠᠶᠠᠭᠠᠨ ᠳ᠋ᠤ᠌ ᠶᠠᠭᠤ ᠤᠴᠠᠷᠠᠭᠤᠯᠬᠤ ᠶ᠋ᠢ ᠤᠷᠢᠳᠴᠢᠯᠠᠵᠤ ᠮᠡᠳᠡᠬᠦ ᠶ᠋ᠢᠨ ᠠᠷᠭ᠎ᠠ ᠦᠭᠡᠢ᠃ ᠬᠠᠷᠢᠨ ᠴᠣᠷ ᠤ᠋ᠨ ᠭᠠᠭᠴᠠ ᠬᠠᠷᠢᠭᠤᠴᠠᠬᠤ ᠠᠷᠭ᠎ᠠ ᠪᠣᠯ ᠳᠠᠷᠤᠢ ᠵᠥᠪ ᠢ᠋ᠶ᠋ᠡᠷ ᠣᠢᠯᠠᠭᠠᠵᠤ ᠰᠢᠢᠳᠪᠦᠷᠢᠯᠡᠬᠦ ᠳ᠋ᠦ᠍ ᠪᠣᠢ ᠭᠡᠯᠡ᠃
ᠲᠦᠪᠰᠢᠨ ᠦ᠌ ᠭᠠᠤᠯᠢᠨ ᠬᠣᠩᠬᠣ ᠰᠢᠭ᠋ ᠴᠡᠭᠡᠯᠬᠡᠨ ᠴᠡᠪᠡᠷ ᠳᠠᠭᠤ ᠨᠢ ᠥᠨᠥᠳᠥᠷ ᠡᠦ ᠹᠧᠩ ᠮᠧᠢ ᠳ᠋ᠦ᠍ ᠨᠡᠩ ᠴᠡᠪᠡᠷ ᠲᠣᠳᠣ ᠬᠦᠩᠬᠢᠨᠡᠮ᠎ᠡ ᠰᠠᠢᠬᠠᠨ ᠰᠣᠨᠣᠰᠳᠠᠵᠤ ᠪᠠᠢᠯ᠎ᠠ᠁
ᠶᠠᠭ ᠪᠦᠬᠦᠯᠢ ᠨᠢᠭᠡ ᠭᠠᠷᠠᠭ ᠤ᠋ᠨ ᠳᠠᠷᠠᠭ᠎ᠠ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠠ᠋ᠴᠠ ᠪᠣᠯᠤᠷᠴᠠᠭᠠᠨ ᠤ᠋ ᠬᠡᠷᠡᠭ ᠢ᠋ ᠥᠭᠡᠷᠡᠴᠢᠯᠡᠨ ᠰᠢᠢᠳᠬᠡᠭᠰᠡᠨ ᠰᠢᠭᠦᠨ ᠲᠠᠰᠤᠯᠤᠯᠲᠠ ᠶ᠋ᠢᠨ ᠪᠢᠴᠢᠭ ᠪᠠᠭᠤᠨ ᠢᠷᠡᠵᠡᠢ᠃
— ᠵᠠᠭᠠᠯᠳᠤᠭᠳᠠᠭᠴᠢ ᠪᠣᠯᠤᠷᠴᠠᠭᠠᠨ᠂ ᠣᠳᠣ ᠴᠢᠮ᠎ᠠ ᠳ᠋ᠤ᠌ ᠣᠷᠣᠨ ᠤ᠋ ᠠᠷᠠᠳ ᠤ᠋ᠨ ᠳᠡᠭᠡᠳᠦ ᠵᠡᠷᠭᠡ ᠶ᠋ᠢᠨ ᠰᠢᠭᠦᠬᠦ ᠬᠣᠷᠢᠶᠠᠨ ᠤ᠋ ᠳᠠᠬᠢᠨ ᠵᠠᠯᠠᠷᠠᠭᠤᠯᠤᠨ ᠬᠢᠨᠠᠭᠰᠠᠨ ᠰᠢᠭᠦᠨ ᠲᠠᠰᠤᠯᠬᠤ ᠪᠢᠴᠢᠭ ᠢ᠋ ᠨᠡᠢᠲᠡᠯᠡᠶᠡ ᠭᠡᠵᠦ ᠲᠦᠪᠰᠢᠨ ᠢ᠋ ᠬᠡᠯᠡᠬᠦ ᠳ᠋ᠦ᠍᠂ ᠪᠣᠯᠤᠷᠴᠠᠭᠠᠨ ᠲᠣᠯᠣᠭᠠᠢ ᠪᠠᠨ ᠳᠣᠬᠢᠰᠬᠢᠭᠡᠳ ᠪᠣᠰᠴᠤ ᠵᠣᠭᠰᠣᠯ᠎ᠠ᠃
ᠲᠦᠪᠰᠢᠨ ᠭᠤᠸᠠᠢ ᠬᠤᠪᠴᠠᠰᠤ ᠮᠠᠯᠠᠭᠠᠢ ᠪᠠᠨ ᠵᠠᠰᠠᠭᠠᠳ ᠰᠢᠭᠦᠬᠦ ᠲᠢᠩᠬᠢᠮ ᠦ᠋ᠨ ᠪᠦᠷᠢᠯᠳᠦᠬᠦᠨ ᠢ᠋ᠶ᠋ᠡᠨ ᠨᠢᠭᠡ ᠬᠠᠷᠠᠵᠤ ᠠᠪᠤᠭᠠᠳ ᠰᠢᠭᠦᠨ ᠲᠠᠰᠤᠯᠤᠯᠲᠠ ᠪᠠᠨ ᠤᠩᠰᠢᠯ᠎ᠠ᠄
ᠵᠠᠭᠠᠯᠳᠤᠭᠳᠠᠭᠴᠢ᠄ ᠪᠣᠯᠤᠷᠴᠠᠭᠠᠨ᠂ ᠡᠷᠡᠭᠲᠡᠢ᠂ ᠭᠤᠴᠢᠨ ᠨᠠᠢ᠍ᠮᠠᠨ ᠨᠠᠰᠤᠲᠠᠢ᠂ ᠪᠠᠷᠢᠪᠴᠢᠯᠠᠭᠳᠠᠬᠤ ᠠ᠋ᠴᠠ ᠪᠠᠨ ᠡᠮᠦᠨ᠎ᠡ ᠲᠦᠮᠡᠨᠨᠠᠰᠤᠲᠤ ᠬᠣᠲᠠ ᠶ᠋ᠢᠨ ᠭᠤᠷᠪᠠᠳᠤᠭᠠᠷ ᠡᠮᠨᠡᠯᠭᠡ ᠶ᠋ᠢᠨ ᠬᠣᠷᠢᠶᠠᠨ ᠤ᠋ ᠡᠮᠴᠢ ᠪᠠᠢᠭᠰᠠᠨ᠃
ᠵᠠᠭᠠᠯᠳᠤᠭᠳᠠᠭᠴᠢ ᠪᠣᠯᠤᠷᠴᠠᠭᠠᠨ ᠤ᠋ ᠬᠥᠮᠦᠨ ᠠᠯᠠᠭᠰᠠᠨ ᠨᠢᠭᠡᠨ ᠬᠡᠷᠡᠭ ᠢ᠋ ᠮᠠᠨ ᠤ᠋ ᠬᠣᠷᠢᠶ᠎ᠠ ᠳᠡᠭᠡᠷ᠎ᠡ ᠤᠳᠠᠭ᠎ᠠ ᠮᠥᠷᠳᠡᠨ ᠪᠠᠢᠴᠠᠭᠠᠵᠤ ᠲᠣᠳᠣᠷᠬᠠᠢᠯᠠᠭᠠᠳ ᠠᠯᠠᠬᠤ ᠶᠠᠯ᠎ᠠ ᠪᠠᠷ ᠰᠢᠭᠦᠨ ᠲᠠᠰᠤᠯᠵᠤ᠂ XXXXᠣᠨ ᠤ᠋ Xᠰᠠᠷ᠎ᠠ ᠶ᠋ᠢᠨX ᠤ᠋ ᠡᠳᠦᠷ ᠡᠷᠡᠭᠦᠦ ᠬᠡᠷᠡᠭᠵᠢᠭᠦᠯᠬᠦ ᠦᠶ᠎ᠡ ᠳ᠋ᠦ᠍᠂ ᠵᠠᠭᠠᠯᠳᠤᠭᠳᠠᠭᠴᠢ ᠪᠣᠯᠤᠷᠴᠠᠭᠠᠨ ᠬᠢᠯᠢᠰ ᠬᠠᠰᠬᠢᠷᠤᠭᠰᠠᠨ ᠠ᠋ᠴᠠ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠵᠤ ᠤᠤᠯ ᠬᠡᠷᠡᠭ ᠢ᠋ ᠳᠠᠬᠢᠨ ᠪᠠᠢᠴᠠᠭᠠᠪᠠ᠃ ᠲᠠᠬᠢᠵᠤ ᠮᠥᠷᠳᠡᠨ ᠪᠠᠢᠴᠠᠭᠠᠵᠤ ᠲᠣᠳᠣᠷᠬᠠᠢᠯᠠᠭᠰᠠᠨ ᠳ᠋ᠤ᠌᠂ ᠬᠣᠣᠷᠯᠠᠭᠳᠠᠭᠴᠢ ᠦᠵᠡᠰᠬᠦᠯᠡᠩ ᠦ᠋ᠨ ᠬᠡᠷᠡᠭ᠂ ᠵᠠᠭᠠᠯᠳᠤᠭᠳᠠᠭᠴᠢ ᠪᠣᠯᠤᠷᠴᠠᠭᠠᠨ ᠲᠠᠢ ᠰᠢᠭᠤᠳ ᠬᠣᠯᠪᠣᠭᠳᠠᠭᠰᠠᠨ ᠰᠠᠨᠠᠭᠠᠴᠢᠯᠭᠠᠲᠤ ᠠᠵᠢᠯᠯᠠᠭ᠎ᠠ ᠪᠢᠰᠢ ᠲᠤᠯᠠ ᠳᠣᠣᠷᠠᠬᠢ ᠮᠡᠲᠦ ᠵᠠᠯᠠᠷᠠᠭᠤᠯᠤᠨ ᠰᠢᠭᠦᠨ ᠲᠠᠰᠤᠯᠪᠠ᠄
1·ᠮᠠᠨ ᠤ᠋ ᠬᠣᠷᠢᠶᠠᠨ ᠤ᠋ XXXXᠣᠨ ᠤ᠋ Xᠰᠠᠷ᠎ᠠ ᠶ᠋ᠢᠨX ᠤ᠋ ᠡᠳᠦᠷ ᠦ᠋ᠨX ᠳ᠋ᠤᠭᠠᠷ ᠲᠣᠭᠠᠲᠤ ᠮᠠᠲ᠋ᠧᠷᠢᠶᠠᠯ ᠢ᠋ᠶ᠋ᠠᠷ ᠵᠠᠭᠠᠯᠳᠤᠭᠳᠠᠭᠴᠢ ᠪᠤᠯᠤᠷᠴᠠᠭᠠᠨ ᠢ᠋ ᠠᠯᠠᠬᠤ ᠶᠠᠯ᠎ᠠ ᠪᠠᠷ ᠰᠢᠢᠳᠬᠡᠭᠰᠡᠨ ᠰᠢᠭᠦᠨ ᠲᠠᠰᠤᠯᠤᠯᠲᠠ ᠶ᠋ᠢ ᠬᠦᠴᠦᠨ ᠦᠭᠡᠢ ᠪᠣᠯᠭᠠᠪᠠ᠃
2·ᠵᠠᠭᠠᠯᠳᠤᠭᠳᠠᠭᠴᠢ ᠪᠤᠯᠤᠷᠴᠠᠭᠠᠨ ᠢ᠋ ᠶᠠᠯ᠎ᠠ ᠦᠭᠡᠢ ᠭᠡᠵᠦ ᠨᠡᠢᠳᠡᠯᠡᠨ ᠳᠠᠷᠤᠢᠬᠠᠨ ᠰᠤᠯᠠᠯᠠᠨ ᠲᠠᠯᠪᠢᠬᠤ ᠪᠠᠷ ᠲᠤᠩᠬᠠᠭᠯᠠᠪᠠ᠃
ᠪᠤᠯᠤᠷᠴᠠᠭᠠᠨ ᠰᠣᠨᠣᠰᠤᠭᠠᠳ ᠮᠡᠯᠡᠷᠡᠨ ᠴᠡᠴᠡᠷᠡᠰᠬᠢᠪᠡ᠃
— ᠪᠣᠯᠤᠷᠴᠠᠭᠠᠨ᠂ ᠴᠢᠮᠠᠲᠤ ᠠᠰᠠᠭᠤᠵᠤ ᠯᠠᠪᠯᠠᠬᠤ ᠵᠦᠢᠯ ᠪᠠᠢᠨ᠎ᠠ ᠤᠤ?
— ᠪᠣᠳᠣᠬᠤ ᠳ᠋ᠤ᠌᠁ ᠪᠣᠳᠣᠬᠤ ᠳ᠋ᠤ᠌ ᠡᠷᠡᠭᠦᠦ ᠶ᠋ᠢᠨ ᠬᠠᠷᠢᠭᠤᠴᠠᠯᠭ᠎ᠠ ᠶ᠋ᠢ ᠡᠦ ᠹᠧᠩ ᠮᠧᠢ ᠡᠭᠦᠷᠭᠡᠯᠡᠭᠰᠡᠨ ᠪᠢᠵᠡ?
— ᠴᠢᠨᠦ ᠬᠤᠪᠢ ᠪᠡᠶ᠎ᠡ᠂ ᠰᠢᠭᠦᠨ ᠲᠠᠰᠤᠯᠤᠯᠲᠠ ᠳ᠋ᠤ᠌ ᠲᠠᠯᠪᠢᠬᠤ ᠰᠠᠨᠠᠯ ᠱᠠᠭᠠᠷᠳᠠᠯᠭ᠎ᠠ ᠪᠠᠨ ᠠᠰᠠᠭᠤᠵᠤ ᠯᠠᠪᠯᠠᠬᠤ ᠵᠦᠢᠯ ᠪᠠᠢᠬᠤ ᠡᠰᠡᠬᠦ ᠡᠴᠡ ᠭᠠᠳᠠᠨᠠᠬᠢ ᠬᠣᠯᠪᠣᠭᠳᠠᠯ ᠦᠭᠡᠢ ᠵᠦᠢᠯᠡᠰ ᠢ᠋ ᠠᠰᠠᠭᠤᠵᠤ ᠯᠠᠪᠯᠠᠭᠰᠠᠨ ᠤ᠋ ᠬᠡᠷᠡᠭ ᠦᠭᠡᠢ᠃ ᠬᠣᠵᠢᠮ ᠦᠢᠯᠡᠳᠦᠯᠭᠡ ᠴᠢᠮ᠎ᠠ ᠳ᠋ᠤ᠌ ᠬᠠᠷᠢᠭᠤᠯᠲᠠ ᠥᠭᠭᠦ ᠶᠦᠮ᠃
— ᠁
— ᠣᠳᠣ ᠪᠠᠷ ᠢ᠋ᠶ᠋ᠠᠨ ᠰᠤᠯᠠᠯᠠᠬᠤ ᠭᠠᠷ ᠭᠦᠢᠴᠡᠳᠬᠡᠯ ᠢ᠋ᠶ᠋ᠡᠨ ᠬᠢᠭᠡᠷᠡᠢ᠃
— ᠬᠡᠷᠪᠡ ᠡᠦ ᠹᠧᠩ ᠮᠧᠢ ᠭᠠᠭᠴᠠᠭᠠᠷ᠁ ᠪᠢ᠁ ᠪᠢ ᠴᠤ᠌ ᠶᠠᠯ᠎ᠠ ᠲᠠᠢ ᠁
— ᠣᠯᠠᠨ ᠶᠠᠭᠤᠮ᠎ᠠ ᠬᠡᠯᠡᠬᠦ ᠬᠡᠷᠡᠭ ᠦᠭᠡᠢ᠃ ᠪᠢ ᠵᠣᠬᠢᠶᠠᠨ ᠪᠠᠢᠭᠤᠯᠤᠯᠲᠠ ᠶ᠋ᠢ ᠲᠥᠯᠥᠭᠡᠯᠡᠨ ᠴᠢᠮ᠎ᠠ ᠳ᠋ᠤ᠌ ᠬᠣᠶᠠᠷ ᠵᠦᠢᠯ ᠢ᠋ ᠰᠠᠨᠠᠭᠤᠯᠬᠤ ᠨᠢ᠂ ᠬᠡᠷᠪᠡ ᠨᠢᠭᠡ ᠬᠥᠮᠦᠨ ᠨᠠᠰᠤᠨ ᠳᠤ ᠪᠠᠨ ᠨᠢᠭᠡ ᠠᠯᠬᠤᠮ ᠪᠤᠷᠤᠭᠤᠳᠴᠤ ᠭᠠᠵᠢᠭᠤ ᠠᠯᠬᠤᠬᠤ ᠪᠤᠶᠤ ᠨᠢᠭᠡ ᠯᠡ ᠬᠡᠷᠡᠭ ᠳᠡᠭᠡᠷ᠎ᠡ ᠥᠴᠦᠬᠡᠨ ᠲᠡᠳᠦᠢ ᠦᠨᠡᠨᠴᠢ ᠣᠪᠣᠷ ᠠᠪᠬᠤ ᠦᠭᠡᠢ ᠪᠣᠯ ᠨᠡᠢᠭᠡᠮ ᠨᠠᠢᠳᠠ ᠶ᠋ᠢ ᠬᠠᠷᠰᠢᠯᠠᠵᠤ᠂ ᠦᠷ᠎ᠡ ᠳ᠋ᠦᠩ ᠨᠢ ᠬᠤᠷᠢᠶᠠᠭᠳᠠᠰᠢ ᠦᠭᠡᠢ ᠪᠣᠯᠵᠤ ᠬᠤᠪᠢᠷᠠᠬᠤ ᠠᠶᠤᠯᠲᠠᠢ ᠶᠤᠮ᠃ ᠬᠡᠷᠪᠡ ᠨᠢᠭᠡ ᠬᠥᠮᠦᠨ ᠪᠡᠶᠡᠯᠡᠭᠳᠡᠰᠢ ᠥᠭᠡᠢ ᠵᠦᠢᠯ ᠢ᠋ ᠬᠠᠷ᠎ᠠ ᠠᠯᠪᠠ ᠪᠠᠷ ᠪᠡᠶᠡᠯᠡᠭᠦᠯᠬᠦ ᠭᠡᠵᠦ ᠣᠷᠣᠯᠳᠣᠪᠠᠯ᠂ ᠡᠴᠦᠰ ᠲᠤ ᠪᠠᠨ ᠭᠤᠨᠢᠭ ᠤᠢᠳᠬᠠᠷ ᠠ᠋ᠴᠠ ᠵᠠᠢᠯᠠᠵᠤ ᠴᠢᠳᠠᠬᠤ ᠦᠭᠡᠢ ᠰᠢᠦ᠃ ᠡᠢᠮᠦ ᠡᠴᠡ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠳᠤ ᠪᠠᠨ ᠰᠢᠷᠣᠢ ᠲᠡᠭᠡᠭᠡᠨ᠎ᠡ ᠭᠡᠳᠡᠭ ᠦᠭᠡ ᠶ᠋ᠢ ᠴᠡᠭᠡᠵᠢᠯᠡᠵᠦ ᠠᠪᠤᠭᠠᠷᠠᠢ᠃
ᠳᠣᠯᠣᠭ᠎ᠠ ᠨᠠᠢ᠍ᠮᠠᠨ ᠰᠠᠷ᠎ᠠ᠂ ᠰᠥᠨᠢ ᠡᠳᠦᠷ ᠦᠭᠡᠢ ᠵᠡᠭᠦᠭᠰᠡᠨ ᠬᠡᠳᠦᠨ ᠠᠷᠪᠠᠨ ᠵᠢᠩ ᠦ᠋ᠨ ᠬᠦᠨᠳᠦ ᠨᠦᠰᠡᠷ ᠪᠠᠷᠢᠶ᠎ᠠ ᠳᠥᠩᠭᠡ ᠪᠤᠯᠤᠷᠴᠠᠭᠠᠨ ᠳ᠋ᠤ᠌ ᠬᠡᠲᠦᠷᠬᠡᠢ ᠳᠠᠰᠴᠢᠬᠠᠭᠰᠠᠨ ᠪᠠᠢᠵᠠᠢ᠃ ᠡᠳᠡᠭᠡᠷ ᠢ᠋ ᠨᠢ ᠪᠠᠭᠤᠯᠭᠠᠨ ᠠᠪᠤᠭᠰᠠᠨ ᠳ᠋ᠤ᠌ ᠬᠥᠯ ᠨᠢ ᠬᠥᠩᠭᠡᠷᠡᠨ ᠲᠤᠢᠪᠠᠷᠠᠭᠠᠳ ᠠᠯᠬᠤᠵᠤ ᠴᠢᠳᠠᠬᠤ ᠦᠭᠡᠢ ᠪᠠᠢᠯ᠎ᠠ᠃
᠁
ᠬᠣᠵᠢᠮ ᠨᠢ ᠪᠣᠯᠤᠷᠴᠠᠭᠠᠨ᠂ ᠡᠦ ᠹᠧᠩ ᠮᠧᠢ ᠶ᠋ᠢᠨ ᠬᠡᠷᠡᠭ ᠲᠦᠮᠡᠨᠨᠠᠰᠤᠲᠤ ᠬᠣᠲᠠ ᠳ᠋ᠤ᠌ ᠱᠤᠤᠭᠢᠬᠤ ᠵᠠᠮ ᠢ᠋ᠶ᠋ᠠᠷ ᠢ᠋ᠶ᠋ᠠᠨ ᠱᠤᠤᠭᠢᠭᠠᠳ᠂ ᠪᠠᠭᠤᠷᠠᠬᠤ ᠵᠠᠮ ᠢ᠋ᠶ᠋ᠠᠷ ᠢ᠋ᠶ᠋ᠠᠨ ᠪᠠᠭᠤᠷᠠᠵᠤ ᠪᠢᠯᠡ᠃
ᠬᠠᠷᠢᠨ ᠶᠡᠬᠡ ᠰᠢᠷᠬᠠᠲᠤᠯ ᠡᠪᠦᠷᠯᠡᠭᠰᠡᠨ ᠡᠨᠡ ᠬᠣᠶᠠᠷ ᠬᠥᠮᠦᠨ ᠨᠢᠭᠡᠨᠲᠡ ᠲᠡᠰᠴᠦ ᠡᠬᠢᠯᠡᠭᠡ ᠬᠡᠦᠬᠡᠳ ᠦ᠋ᠨ ᠢ᠋ᠶ᠋ᠡᠨ ᠬᠣᠵᠢᠮ ᠢ᠋ ᠪᠣᠳᠣᠭᠠᠳ ᠤᠷᠤᠭᠯᠠᠵᠤ᠂ ᠬᠡᠳᠦᠨ ᠮᠣᠵᠢ ᠠᠯᠤᠰᠯᠠᠭᠰᠠᠨ ᠭᠠᠵᠠᠷ ᠠᠵᠢᠯ ᠰᠢᠯᠵᠢᠭᠰᠡᠨ ᠨᠢ ᠭᠤᠸᠠᠨ ᠢᠦᠢ ᠱᠠᠨ 《ᠡᠤ ᠹᠧᠩ ᠮᠸᠢ᠂ ᠬᠠᠢᠷ᠎ᠠ ᠴᠤ᠌ ᠪᠣᠯᠤᠭ᠂ ᠥᠰᠢᠶ᠎ᠡ ᠴᠤ᠌ ᠪᠣᠯᠤᠭ᠂ ᠲᠡᠷᠡ ᠬᠦᠦ ᠶ᠋ᠢᠨ ᠪᠠᠶᠠᠨ ᠳ᠋ᠤ᠌ ᠬᠣᠶᠠᠭᠤᠯᠠ ᠶ᠋ᠢᠨ ᠴᠢᠰᠤ ᠤᠷᠤᠰᠴᠤ ᠪᠣᠢ᠂ ᠰᠠᠢᠬᠠᠨ ᠭᠦᠮᠤᠵᠡᠭᠦᠯᠭᠡᠴᠢ》 ᠭᠡᠮᠡᠨ ᠭᠡᠷᠡᠶᠡᠰ ᠦᠯᠡᠳᠡᠭᠡᠭᠡᠳ ᠴᠠᠭᠠᠵᠠᠨ ᠳ᠋ᠤ᠌ ᠬᠠᠷᠪᠤᠬᠤ ᠠ᠋ᠴᠠ ᠶᠡᠬᠡ ᠡᠮᠦᠨ᠎ᠡ ᠶ᠋ᠢᠨ ᠤᠴᠢᠷ ᠪᠠᠢᠪᠠ᠃
ᠤᠩᠰᠢᠭᠰᠠᠨ ᠨᠢ᠄ ᠴᠡᠴᠡᠭᠮ᠎ᠡ
