ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠷᠪᠠ> Хялгасан дөрөөн дээр – Хасвулаг зохиов <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠷᠪᠠ> Хялгасан дөрөөн дээр – Хасвулаг зохиов <3>

ᠬᠢᠯᠭᠠᠰᠤᠨ ᠳᠥᠷᠥᠭᠡᠨ ᠳᠡᠭᠡᠷ᠎ᠡ – ᠬᠠᠰᠪᠤᠯᠠᠭ ᠵᠣᠬᠢᠶᠠᠪᠠ᠂ <ᠭᠤᠷᠪᠠ> Хялгасан дөрөөн дээр – Хасвулаг зохиов <3>

ᠠᠩᠭᠢᠯᠠᠯ:ᠲᠤᠭᠤᠵᠢ ᠷᠣᠮᠠᠨ
2025-12-22

191

ᠬᠢᠯᠭᠠᠰᠤᠨ ᠳᠥᠷᠥᠭᠡᠨ ᠳᠡᠭᠡᠷ᠎ᠡ ᠎- < ᠭᠤᠷᠪᠠ >


                ᠭᠤᠷᠪᠠ 

       ᠠᠯᠠᠭᠳᠠᠬᠤ ᠶᠠᠯᠠᠲᠠᠨ ᠴᠠᠭᠠᠵᠠ ᠶ᠋ᠢᠨ ᠲᠠᠯᠠᠪᠠᠢ ᠠ᠋ᠴᠠ ᠠᠮᠢᠳᠤ ᠪᠤᠴᠠᠬᠤ ᠨᠢ ᠦᠨᠡᠬᠡᠷ ᠴᠦ᠍ ᠥᠨᠳᠥᠷ ᠠᠰᠠᠷ ᠠ᠋ᠴᠠ ᠤᠨᠠᠭᠰᠠᠨ ᠬᠥᠮᠦᠨ ᠤᠲᠠᠰᠤᠨ ᠳ᠋ᠤ᠌ ᠡᠯᠭᠦᠭᠳᠡᠨ ᠠᠮᠢ ᠭᠡᠯᠳᠦᠷᠢᠭᠰᠡᠨ ᠰᠢᠭ ᠵᠠᠪᠰᠢᠶᠠᠨ ᠭᠡᠵᠦ ᠮᠡᠳᠡ᠃ ᠪᠣᠯᠤᠷᠴᠠᠭᠠᠨ ᠶᠠᠭᠤ ᠴᠦ᠍ ᠪᠣᠯᠤᠭ ᠠᠮᠢ ᠲᠠᠢ ᠪᠤᠴᠠᠵᠤ ᠢᠷᠡᠵᠡᠢ᠃ ᠲᠡᠭᠦᠨ ᠢ᠋ ᠴᠠᠭᠠᠵᠠ ᠶ᠋ᠢᠨ ᠲᠠᠯᠠᠪᠠᠢ ᠠ᠋ᠴᠠ ᠪᠤᠴᠠᠭᠠᠵᠤ ᠠᠪᠴᠢᠷᠠᠭᠰᠠᠨ ᠳᠠᠷᠤᠢ ᠳ᠋ᠠᠭᠠᠨ ᠬᠣᠲᠠ ᠶ᠋ᠢᠨ ᠨᠢᠭᠡᠳᠦᠭᠡᠷ ᠡᠮᠨᠡᠯᠭᠡ ᠶ᠋ᠢᠨ ᠬᠣᠷᠢᠶᠠᠨ ᠳ᠋ᠤ᠌ ᠰᠢᠭᠤᠳ ᠬᠦᠷᠭᠡᠵᠦ ᠲᠦᠷᠭᠡᠨ ᠠᠪᠤᠷᠠᠯᠲᠠ ᠬᠢᠯᠭᠡᠪᠡ᠃ 
       ᠲᠦᠪᠰᠢᠨ ᠡᠮᠨᠡᠯᠭᠡ ᠶ᠋ᠢᠨ ᠬᠣᠷᠢᠶᠠᠨ ᠤ᠋ ᠬᠦᠷᠢᠶᠡᠨ ᠳ᠋ᠦ᠍ ᠲᠡᠷᠭᠡᠨ ᠡᠴᠡ ᠪᠡᠨ ᠪᠠᠭᠤᠭᠠᠳ ᠬᠥᠬᠡᠲᠤᠯᠢ ᠶ᠋ᠢ ᠳᠠᠭᠤᠳᠠᠨ ᠠᠪᠴᠢᠷᠠᠵᠤ᠂ ᠪᠣᠯᠤᠷᠴᠠᠭᠠᠨ ᠢ᠋ ᠰᠠᠢᠨ ᠡᠮᠴᠢᠯᠡᠭᠦᠯᠬᠦ ᠪᠠ ᠰᠠᠨᠠᠭᠠᠨ ᠠ᠋ᠴᠠ ᠭᠠᠳᠠᠨ᠎ᠠ ᠬᠡᠷᠡᠭ ᠭᠠᠷᠬᠤ ᠠ᠋ᠴᠠ ᠪᠣᠯᠭᠣᠮᠵᠢᠯᠠᠬᠤ ᠶ᠋ᠢ ᠳᠠᠬᠢᠨ ᠳᠠᠪᠲᠠᠨ ᠱᠠᠭᠠᠷᠳᠠᠨ ᠵᠠᠬᠢᠭᠠᠳ ᠪᠠᠢᠭᠤᠯᠭ᠎ᠠ ᠳ᠋ᠠᠭᠠᠨ ᠶᠠᠭᠠᠷᠠᠤ ᠰᠠᠨᠳᠤᠷᠤᠤ ᠪᠤᠴᠠᠪᠠ᠃ ᠲᠡᠭᠦᠨ ᠢ᠋ ᠠᠯᠪᠠᠨ ᠭᠡᠷ ᠲᠤ ᠪᠠᠨ ᠳᠥᠩᠭᠡᠵᠦ ᠣᠷᠣᠬᠤ ᠳ᠋ᠤ᠌ ᠳ᠋ᠢᠶᠠᠩᠬᠤᠸᠠ ᠶ᠋ᠢᠨ ᠬᠣᠩᠬᠣ ᠶᠠᠭ ᠯᠠ ᠲᠡᠭᠦᠨ ᠢ᠋ ᠬᠦᠯᠢᠶᠡᠵᠦ ᠪᠠᠢᠭᠰᠠᠨ ᠰᠢᠭ᠋ ᠵᠢᠩᠭᠢᠨᠡᠨ ᠳᠤᠤᠭᠠᠷᠪᠠ᠃ ᠲᠡᠷᠡ ᠬᠠᠷᠢᠯᠴᠠᠭᠤᠷ ᠢ᠋ᠶ᠋ᠠᠨ ᠶᠠᠭᠠᠷᠠᠤᠬᠠᠨ ᠠᠪᠤᠪᠠᠯ᠄
       — ᠬᠡᠷᠪᠡ ᠮᠢᠨᠦ ᠠᠪᠤᠭᠰᠠᠨ ᠤᠲᠠᠰᠤᠨ ᠤ᠋ ᠨᠣᠮᠧᠷ ᠪᠤᠷᠤᠭᠤᠳᠠᠭᠰᠠᠨ ᠦᠭᠡᠢ ᠪᠣᠯ ᠲᠠ ᠪᠠᠷᠤᠭ ᠲᠢᠩᠬᠢᠮ ᠦ᠋ᠨ ᠳᠠᠷᠤᠭ᠎ᠠ ᠲᠦᠪᠰᠢᠨ ᠪᠠᠢᠬ᠎ᠠ ᠭᠡᠰᠡᠨ ᠡᠮᠡᠭᠲᠡᠢ ᠬᠥᠮᠦᠨ ᠦ᠌ ᠳᠠᠩᠭᠢᠨᠠᠭᠰᠠᠨ ᠳᠠᠭᠤ ᠳᠤᠭᠤᠯᠳᠠᠵᠤ ᠨᠡᠷ᠎ᠡ ᠲᠤᠰᠢᠶᠠᠯ ᠲᠠᠢ ᠨᠢ ᠬᠠᠯᠵᠠ ᠲᠤᠯᠭᠠᠪᠠ᠃ ᠲᠦᠪᠰᠢᠨ ᠬᠠᠷᠢᠯᠴᠠᠭᠤᠷ ᠢ᠋ᠶ᠋ᠠᠨ ᠠᠳᠬᠤᠨ ᠪᠠᠬᠠᠨ ᠡᠭ ᠮᠠᠭ ᠭᠡᠳ᠄ 
       — ᠲᠠ ᠴᠢᠨᠢ ᠲᠡᠭᠡᠭᠡᠳ ᠴᠣᠬᠣᠮ᠁ 
       — ᠪᠣᠳᠣᠬᠤ ᠳ᠋ᠤ᠌ ᠲᠠ ᠣᠳᠣᠬᠠᠨ ᠳ᠋ᠤ᠌ ᠨᠠᠮ᠎ᠠ ᠶᠢ ᠲᠠᠨᠢᠬᠤ ᠦᠭᠡᠢ ᠪᠠᠢᠵᠤ ᠮᠡᠳᠡᠨ᠎ᠡ᠃ ᠪᠢ ᠴᠦ᠍ ᠲᠠᠨ ᠳ᠋ᠤ᠌ ᠣᠳᠣ ᠳᠤ ᠪᠠᠨ ᠨᠡᠷ᠎ᠡ ᠣᠪᠣᠭ ᠢ᠋ᠶ᠋ᠠᠨ ᠮᠡᠳᠡᠭᠳᠡᠬᠦ ᠶ᠋ᠢ ᠬᠦᠰᠡᠬᠦ ᠦᠭᠡᠢ ᠪᠠᠢᠨ᠎ᠠ᠃ ᠭᠡᠲᠡᠯ᠎ᠡ ᠥᠨᠥᠳᠥᠷ ᠪᠢ ᠲᠠᠨ ᠠ᠋ᠴᠠ ᠴᠢᠬᠤᠯᠠ ᠬᠣᠶᠠᠷ ᠤᠴᠢᠷ ᠢ᠋ ᠠᠰᠠᠭᠤᠶ᠎ᠠ ᠭᠡᠵᠦ ᠪᠣᠳᠣᠵᠤ ᠪᠠᠢᠨ᠎ᠠ᠃ ᠪᠣᠯᠤᠨ᠎ᠠ ᠪᠢᠵᠡ ᠳᠡ? 
       — ᠶᠠᠭᠤ ᠴᠦ᠍ ᠪᠣᠯᠤᠭᠰᠠᠨ ᠪᠢᠳᠡ ᠲᠠᠨᠢᠯᠴᠠᠭᠰᠠᠨ ᠬᠣᠢᠨ᠎ᠠ᠁ 
       — ᠪᠢ ᠰᠠᠶᠢᠬᠠᠨ ᠲᠠᠨ ᠳ᠋ᠤ᠌ ᠬᠡᠯᠡᠭᠰᠡᠨ ᠪᠢᠰᠢ ᠤᠤ? ᠣᠳᠣᠬᠠᠨ ᠳ᠋ᠤ᠌ ᠲᠠᠨ ᠲᠠᠢ ᠲᠠᠨᠢᠯᠴᠠᠶ᠎ᠠ ᠭᠡᠵᠦ ᠪᠣᠳᠣᠬᠤ ᠦᠭᠡᠢ ᠪᠠᠢᠨ᠎ᠠ᠃ ᠬᠠᠮᠤᠭ ᠰᠠᠢᠨ ᠨᠢ ᠪᠢᠳᠡ ᠶᠠᠷᠢᠯᠴᠠᠭᠠᠳ ᠪᠠᠷᠠᠲᠠᠯ᠎ᠠ ᠲᠠ ᠮᠢᠨᠦ ᠨᠡᠷ᠎ᠡ ᠣᠪᠣᠭ ᠢ᠋ ᠲᠠᠬᠢᠵᠤ ᠪᠤᠤ ᠠᠰᠠᠭᠤᠭᠠᠷᠠᠢ᠃ ᠲᠡᠭᠡᠪᠡᠯ ᠪᠢ ᠰᠡᠳᠬᠢᠯ ᠳᠣᠲᠣᠷ᠎ᠠ ᠪᠠᠨ ᠲᠠᠨ ᠳ᠋ᠤ᠌ ᠶᠡᠬᠡ ᠲᠠᠯᠠᠷᠬᠠᠬᠤ ᠶᠤᠮ ᠰᠢᠦ᠃ ᠲᠡᠷᠡᠴᠢᠯᠡᠨ ᠮᠢᠨᠦ ᠠᠰᠠᠭᠤᠶ᠎ᠠ ᠭᠡᠰᠡᠨ ᠤᠴᠢᠷ ᠴᠦ᠍ ᠲᠠᠨ ᠤ᠋ ᠲᠤᠬᠠᠢᠯᠠᠵᠤ ᠪᠠᠢᠭ᠎ᠠ ᠠᠵᠢᠯ ᠤ᠋ᠨ ᠴᠢᠨᠢ ᠬᠦᠷᠢᠶ᠎ᠡ ᠬᠡᠪᠴᠢᠶᠡᠨ ᠡᠴᠡ ᠭᠠᠷᠬᠤ ᠦᠭᠡᠢ ᠶᠦᠮ᠃ 
       — ᠵᠠ᠂ ᠲᠡᠢᠮᠦ ᠪᠣᠯ ᠶᠠᠷᠢ ᠳᠠ᠃ 
       — ᠰᠣᠨᠣᠰᠬᠤ ᠳ᠋ᠤ᠌ ᠭᠠᠭᠴᠠ ᠬᠥᠮᠦᠨ ᠦ᠌ ᠦᠭᠡ ᠭᠡᠷᠡᠴᠢ ᠪᠣᠯᠬᠤ ᠥᠬᠡᠢ ᠭᠡᠨ᠎ᠡ ᠤᠤ?
       — ᠡᠢᠮᠦ ᠶᠣᠰᠣ ᠦᠭᠡᠢ᠂ ᠭᠣᠣᠯᠳᠠᠭᠤ ᠦᠨᠡᠨ ᠬᠠᠭᠤᠷᠮᠠᠭ ᠢ᠋ᠶ᠋ᠠᠷ ᠨᠢ ᠪᠠᠷᠢᠮᠵᠢᠶ᠎ᠠ ᠪᠣᠯᠭᠠᠵᠤ ᠦᠵᠡᠨ᠎ᠡ ᠰᠢᠲᠠ᠃ ᠬᠡᠷᠪᠡ ᠬᠠᠭᠤᠷᠮᠠᠭ ᠪᠣᠯ ᠣᠯᠠᠨ ᠬᠥᠮᠦᠨ ᠦ᠌ ᠭᠡᠷᠡᠴᠢ ᠴᠦ᠍ ᠁ 
       — ᠵᠠ᠂ ᠲᠠᠨ ᠤ᠋ ᠬᠡᠯᠡᠵᠦ ᠪᠠᠢᠬᠤ ᠶᠠᠭ ᠲᠠᠭᠠᠷᠠᠵᠤ ᠪᠠᠢᠨ᠎ᠠ᠃ ᠭᠡᠲᠡᠯ᠎ᠡ ᠪᠤᠰᠤᠳ ᠬᠥᠮᠦᠨ ᠨᠠᠳᠠ ᠲᠠᠢ ᠠᠳᠠᠯᠢᠬᠠᠨ ᠭᠡᠷᠡᠴᠢᠯᠡᠬᠦ ᠦᠭᠡᠢ ᠪᠣᠯ ᠲᠠ ᠨᠠᠷ ᠢᠲᠡᠭᠡᠨ᠎ᠡ ᠤᠤ?
       — ᠡᠢᠮᠦ ᠶᠣᠰᠣ ᠦᠭᠡᠢ ᠶᠦᠮ᠃ ᠶᠠᠷᠢᠶᠠᠨ ᠦᠭᠡᠢ ᠪᠤᠰᠤᠳ ᠬᠥᠮᠦᠨ ᠦᠵᠡᠭᠰᠡᠨ ᠦᠭᠡᠢ ᠪᠤᠶᠤ ᠡᠰᠡᠪᠡᠯ ᠥᠭᠡᠷ᠎ᠡ ᠰᠢᠯᠲᠠᠭᠠᠨ ᠢ᠋ᠶ᠋ᠠᠷ ᠠᠳᠠᠯᠢᠪᠲᠤᠷ ᠭᠡᠷᠡᠴᠢ ᠬᠢᠬᠦ ᠦᠭᠡᠢ ᠪᠠᠢᠵᠤ ᠮᠡᠳᠡᠨ᠎ᠡ᠃ ᠭᠡᠲᠡᠯ᠎ᠡ ᠭᠡᠷᠡᠴᠢ ᠯᠡ ᠭᠡᠪᠡᠯ ᠵᠠᠪᠠᠯ ᠨᠢᠭᠡ ᠬᠡᠷᠡᠭ ᠲᠦ᠍ ᠬᠣᠯᠪᠣᠭᠳᠠᠭᠰᠠᠨ ᠪᠢᠰᠢ ᠪᠣᠯ ᠶᠠᠮᠠᠷ ᠨᠢᠭᠡᠨ ᠬᠥᠮᠦᠨ ᠲᠡᠢ ᠬᠣᠯᠪᠣᠭᠳᠠᠭᠰᠠᠨ ᠪᠠᠢᠬᠤ ᠶᠣᠰᠣᠲᠠᠢ᠃ ᠡᠢᠮᠦ ᠡᠴᠡ ᠡᠨᠡ ᠬᠦ᠌ ᠭᠡᠷᠡᠴᠢ ᠳ᠋ᠦ᠍ ᠶᠡᠬᠡ ᠪᠠᠭ᠎ᠠ ᠴᠦ᠍ ᠭᠡᠰᠡᠨ ᠵᠠᠪᠠᠯ ᠭᠠᠳᠠᠭᠠᠳᠤ ᠳᠣᠲᠣᠭᠠᠳᠤ ᠨᠥᠬᠥᠴᠡᠯ ᠰᠢᠯᠲᠠᠭᠠᠨ ᠪᠣᠢ ᠪᠣᠯᠬᠤ ᠶᠤᠮ᠃ ᠬᠠᠷᠢᠨ ᠶᠠᠮᠠᠷ ᠴᠦ᠍ ᠬᠣᠯᠪᠣᠭᠳᠠᠯ ᠦᠭᠡᠢ ᠪᠠᠢᠬᠤ ᠪᠣᠯᠤᠮᠵᠢ ᠦᠭᠡᠢ ᠰᠢᠦ ᠳᠡ᠃ 
       — ᠬᠡᠷᠪᠡ ᠲᠠ ᠨᠠᠷ ᠪᠣᠳᠠᠲᠤ ᠬᠡᠷᠡᠭ ᠳᠡᠭᠡᠷ᠎ᠡ ᠪᠡᠨ ᠳᠣᠲᠣᠭᠠᠳᠤ ᠭᠠᠳᠠᠭᠠᠳᠤ ᠰᠢᠯᠲᠠᠭᠠᠨ ᠢ᠋ ᠤᠶᠠᠯᠳᠤᠭᠤᠯᠤᠨ ᠦᠵᠡᠭᠡᠳ ᠨᠤᠲᠠᠯᠠᠭᠳᠠᠬᠤ ᠪᠣᠯᠤᠯᠴᠠᠭ᠎ᠠ ᠦᠭᠡᠢ ᠦᠶ᠎ᠡ ᠳ᠋ᠦ᠍ ᠭᠡᠷᠡᠴᠢ ᠪᠠᠷᠢᠮᠲᠠ ᠮᠠᠨᠢ ᠬᠠᠭᠤᠷᠮᠠᠭ ᠪᠣᠯᠬᠤ ᠯᠠ ᠲᠡᠳᠦᠢ ᠪᠢᠰᠢ ᠤᠤ?
       — ᠬᠡᠷᠪᠡ ᠭᠡᠷᠡᠴᠢ ᠪᠠᠷᠢᠮᠲᠠ ᠴᠢᠨᠢ ᠦᠨᠡᠨ ᠯᠡ ᠶᠦᠮ ᠪᠣᠯ ᠪᠢᠳᠡ ᠪᠦᠬᠦ ᠬᠦᠴᠦ ᠪᠡᠷ ᠢ᠋ᠶ᠋ᠡᠨ ᠴᠢᠷᠮᠠᠢᠵᠤ ᠪᠠᠢᠭᠠᠳ ᠨᠥᠬᠥᠴᠡᠯ ᠰᠢᠯᠲᠠᠭᠠᠨ ᠪᠦᠷᠢᠯᠳᠦᠭᠦᠯᠵᠦ ᠥᠭᠬᠦ ᠶᠦᠮ᠃ 
       — ᠵᠠᠷᠢᠮ ᠳᠤ ᠪᠠᠨ ᠨᠥᠬᠥᠴᠡᠯ ᠰᠢᠯᠲᠠᠭᠠᠨ ᠪᠦᠷᠢᠯᠳᠦᠭᠦᠯᠵᠦ ᠴᠢᠳᠠᠬᠤ ᠦᠭᠡᠢ ᠮᠥᠷᠲᠡᠭᠡᠨ ᠭᠡᠳᠡᠷᠭᠦ ᠪᠡᠨ ᠬᠥᠮᠦᠨ ᠦ᠌ ᠭᠡᠷᠡᠴᠢᠯᠡᠯ ᠢ᠋ ᠰᠡᠵᠢᠭᠯᠡᠬᠦ ᠶᠠᠪᠤᠳᠠᠯ ᠴᠦ᠍ ᠦᠷᠭᠦᠯᠵᠢ ᠭᠠᠷᠳᠠᠭ ᠭᠡᠨ᠎ᠡ᠃ ᠢᠯᠠᠩᠭᠤᠶ᠎ᠠ ᠭᠠᠭᠴᠠ ᠬᠥᠮᠦᠨ ᠦ᠌ ᠭᠡᠷᠡᠴᠢ᠂ ᠲᠡᠷᠡ ᠮᠥᠷᠲᠡᠭᠡᠨ ᠭᠡᠷᠡᠴᠢᠯᠡᠬᠦ ᠬᠡᠷᠡᠭ ᠨᠢ ᠬᠤᠪᠢ ᠪᠡᠶ᠎ᠡ ᠲᠡᠢ ᠨᠢ ᠰᠢᠭᠤᠳ ᠬᠣᠯᠪᠣᠭᠳᠠᠭᠰᠠᠨ ᠦᠶ᠎ᠡ ᠳ᠋ᠦ᠍᠃ ᠡᠨᠡ ᠦᠨᠡᠨ ᠤᠤ?
       — ᠶᠠᠮᠠᠷᠪᠠ ᠨᠢᠭᠡ ᠬᠡᠷᠡᠭ ᠢ᠋ ᠨᠡᠩ ᠴᠦ᠍ ᠨᠡᠢᠭᠡᠮ ᠨᠠᠢᠳᠠ ᠲᠠᠢ ᠬᠣᠯᠪᠣᠭᠳᠠᠭᠰᠠᠨ ᠪᠠᠢᠪᠠᠯ ᠶᠠᠭᠠᠬᠢᠯ᠎ᠠ ᠴᠦ᠍ ᠭᠡᠰᠡᠨ ᠡᠳᠦᠢ ᠲᠡᠳᠦᠢ ᠣᠷᠣ ᠮᠥᠷ ᠦᠯᠡᠳᠡᠭᠡᠭᠡᠳ ᠪᠠᠢᠳᠠᠭ ᠳᠠ᠃ ᠶᠠᠭ ᠲᠡᠢᠮᠦ ᠡᠴᠡ ᠶᠠᠮᠠᠷ ᠴᠦ᠍ ᠶᠠᠭᠤᠮ᠎ᠠ ᠲᠠᠢ ᠬᠣᠯᠪᠣᠭᠳᠠᠬᠤ ᠦᠭᠡᠢ ᠭᠠᠭᠴᠠᠭᠠᠷ ᠢ᠋ᠶ᠋ᠠᠨ ᠣᠷᠣᠰᠢᠨ ᠲᠣᠭᠲᠠᠨᠢᠳᠠᠭ ᠬᠡᠷᠡᠭ ᠭᠡᠵᠦ ᠶᠡᠷᠦ ᠡᠴᠡ ᠪᠠᠢᠬᠤ ᠦᠭᠡᠢ᠃ 
       — ᠬᠡᠷᠪᠡ ᠵᠠᠷᠢᠮ ᠬᠥᠮᠦᠨ ᠢᠩᠭᠢᠵᠦ ᠦᠵᠡᠵᠦ ᠬᠢᠬᠦ ᠦᠭᠡᠢ ᠪᠣᠯ᠁ 
       — ᠨᠢᠭᠡ ᠬᠠᠤᠯᠢ ᠶ᠋ᠢᠨ ᠠᠵᠢᠯᠲᠠᠨ ᠭᠡᠷᠡᠴᠢ ᠪᠠᠷᠢᠮᠲᠠ ᠳ᠋ᠤ᠌ ᠲᠦᠰᠢᠵᠦ ᠬᠡᠷᠡᠭ ᠢ᠋ ᠢᠯᠡᠷᠡᠭᠦᠯᠬᠦ ᠠᠰᠠᠭᠤᠳᠠᠯ ᠳᠡᠭᠡᠷ᠎ᠡ ᠬᠡᠳᠦᠢ ᠪᠤᠳᠤᠯᠢᠶᠠᠨᠲᠠᠢ ᠪᠠᠢᠭᠰᠠᠨ ᠴᠦ᠍ ᠨᠢᠭᠡ ᠬᠤᠪᠢ ᠬᠦᠰᠡᠯ ᠡᠷᠡᠮᠡᠯᠵᠡᠯ ᠲᠡᠢ ᠪᠣᠯ ᠵᠠᠭᠤᠨ ᠬᠤᠪᠢ ᠶ᠋ᠢᠨ ᠴᠢᠷᠮᠠᠢᠯᠭ᠎ᠠ ᠭᠠᠷᠭᠠᠬᠤ ᠬᠠᠷᠢᠭᠤᠴᠠᠯᠭ᠎ᠠ ᠲᠠᠢ᠃ 
       — ᠠᠵᠢᠯ ᠳᠤ ᠪᠠᠨ ᠡᠢᠮᠦ ᠰᠠᠢᠨ ᠬᠠᠷᠢᠭᠤᠴᠠᠯᠭ᠎ᠠ ᠲᠠᠢ ᠳ᠋ᠤ᠌ ᠴᠢᠨᠢ ᠭᠦᠨ ᠲᠠᠯᠠᠷᠬᠠᠮᠠᠷ ᠪᠠᠢᠨ᠎ᠠ᠃ 
       — ᠲᠡᠷᠡ ᠬᠠᠮᠢᠶ᠎ᠠ ᠦᠭᠡᠢ᠂ ᠪᠢ ᠲᠠᠨ ᠲᠠᠢ ᠲᠠᠨᠢᠯᠴᠠᠬᠤ ᠦᠭᠡᠢ ᠴᠦ᠍ ᠭᠡᠰᠡᠨ ᠡᠳᠦᠢ ᠶᠠᠷᠢᠯᠴᠠᠭᠰᠠᠨ ᠬᠣᠢᠨ᠎ᠠ ᠬᠣᠶᠠᠷ ᠦᠭᠡ ᠨᠡᠮᠡᠵᠦ ᠬᠡᠯᠡᠪᠡᠯ ᠪᠣᠯᠤᠮᠠᠷ ᠰᠢᠭ᠋ ᠰᠠᠨᠠᠭᠳᠠᠬᠤ ᠶᠤᠮ᠃ 
       — ᠬᠡᠯᠡ᠂ ᠬᠡᠯᠡ᠂ ᠲᠠ ᠶᠠᠭᠤ ᠶᠠᠷᠢᠭᠰᠠᠨ ᠴᠦ᠍ ᠬᠠᠮᠢᠶ᠎ᠠ ᠦᠭᠡᠢ ᠂ ᠪᠢ ᠰᠣᠨᠣᠰᠤᠶ᠎ᠠ ᠭᠡᠵᠦ ᠪᠣᠳᠣᠵᠤ ᠪᠠᠢᠨ᠎ᠠ᠃ 
       — ᠦ᠂ ᠮᠢᠨᠦ ᠬᠡᠯᠡᠶ᠎ᠡ ᠭᠡᠰᠡᠨ ᠦᠭᠡ ᠲᠡᠢᠮᠦ ᠰᠣᠨᠢᠷᠬᠠᠮᠠᠷ ᠶᠠᠭᠤᠮ᠎ᠠ ᠪᠢᠰᠢ᠃ ᠵᠥᠪᠬᠡᠨ ᠪᠢᠳᠡᠨ ᠦ᠌ ᠠᠵᠢᠯ ᠤ᠋ᠨ ᠳᠤᠮᠳᠠ ᠭᠡᠷᠡᠴᠢ ᠶ᠋ᠢᠨ ᠠᠰᠠᠭᠤᠳᠠᠯ ᠳᠡᠭᠡᠷ᠎ᠡ ᠬᠠᠮᠤᠭ ᠠ᠋ᠴᠠ ᠬᠦᠴᠢᠷᠲᠡᠢ ᠰᠠᠨᠠᠭᠳᠠᠬᠤ ᠨᠢ ᠬᠥᠮᠦᠨ ᠦ᠌ ᠨᠢᠭᠡᠨᠲᠡ ᠬᠢᠭᠰᠡᠨ ᠭᠡᠷᠡᠴᠢ ᠶ᠋ᠢᠨ ᠦᠨᠡᠨ ᠬᠠᠭᠤᠷᠮᠠᠭ ᠢ᠋ ᠲᠣᠳᠣᠯᠠᠬᠤ ᠠᠰᠠᠭᠤᠳᠠᠯ ᠪᠢᠰᠢ᠂ ᠬᠠᠷᠢᠨ ᠬᠠᠭᠤᠷᠮᠠᠭ ᠭᠡᠷᠡᠴᠢ ᠬᠢᠬᠦ ᠪᠤᠶᠤ ᠵᠠᠪᠠᠯ ᠭᠡᠷᠡᠴᠢ ᠬᠢᠬᠦ ᠬᠥᠮᠦᠨ ᠭᠡᠷᠡᠴᠢ ᠬᠢᠬᠦ ᠦᠭᠡᠢ ᠳ᠋ᠦ᠍ ᠪᠠᠢᠬᠤ ᠶᠤᠮ᠃ ᠮᠢᠨᠦ ᠲᠠᠨ ᠳ᠋ᠤ᠌ ᠬᠡᠯᠡᠬᠦ ᠭᠡᠰᠡᠨ ᠨᠢ ᠳᠠᠷᠤᠢ ᠡᠨᠡ ᠰᠢᠦ᠃ 
       — ᠲᠠᠯᠠᠷᠬᠠᠯ᠎ᠠ᠃ ᠲᠠᠨ ᠤ᠋ ᠨᠠᠳᠠ ᠥᠭᠭᠦᠭᠰᠡᠨ ᠬᠠᠷᠢᠭᠤᠯᠲᠠ ᠨᠤᠭᠤᠳ ᠲᠤ᠌ ᠪᠢ ᠰᠡᠳᠬᠢᠯ ᠬᠠᠨᠤᠮᠵᠢᠲᠠᠢ ᠪᠠᠢᠨ᠎ᠠ᠃ ᠲᠠᠨ ᠤ᠋ ᠴᠠᠭ ᠢ᠋ ᠰᠠᠭᠠᠲᠠᠭᠠᠭᠰᠠᠨ ᠢ᠋ ᠮᠢᠨᠢ ᠠᠭᠤᠴᠢᠯᠠᠭᠠᠷᠠᠢ᠃ ᠦ᠂ ᠣᠳᠣ ᠲᠠ ᠨᠢᠳᠦᠨ ᠡᠮᠦᠨ᠎ᠡ ᠭᠠᠷᠤᠭᠰᠠᠨ ᠲᠡᠷᠡᠬᠦ ᠭᠡᠨᠡᠳᠲᠡ ᠶ᠋ᠢᠨ ᠬᠡᠷᠡᠭ ᠲᠤ ᠪᠠᠨ ᠪᠣᠳᠣᠯᠭ᠎ᠠ ᠪᠣᠯᠵᠤ ᠪᠠᠢᠬ᠎ᠠ᠃ ᠲᠠᠨ ᠳ᠋ᠤ᠌ ᠤᠰᠤᠯᠲᠠᠯ᠎ᠠ᠃ 
       — ᠨᠢᠳᠦᠨ ᠡᠮᠦᠨ᠎ᠡ ᠭᠠᠷᠤᠭᠰᠠᠨ ᠭᠡᠨᠡᠳᠲᠡ ᠶ᠋ᠢᠨ ᠬᠡᠷᠡᠭ ᠠ᠋᠃ 
       — ᠡᠨᠡ ᠪᠣᠯ ᠮᠢᠨᠦ ᠲᠠᠭᠠᠮᠠᠭᠯᠠᠵᠤ ᠪᠣᠳᠣᠵᠤ ᠪᠠᠢᠭ᠎ᠠ ᠤᠴᠢᠷ᠃ ᠠᠯᠢ ᠨᠢᠭᠡ ᠡᠳᠦᠷ ᠲᠠ ᠨᠠᠮ᠎ᠠ ᠶᠢ ᠴᠦ᠍ ᠡᠷᠢᠵᠦ ᠢᠷᠡᠬᠦ ᠮᠠᠭᠠᠳ ᠦᠭᠡᠢ ᠭᠡᠵᠦ ᠪᠣᠳᠣᠭᠳᠠᠬᠤ ᠶᠤᠮ᠃ 
       — ᠶᠠᠭᠠᠬᠢᠭᠠᠳ?
       — ᠮᠡᠳᠡᠬᠦ ᠦᠭᠡᠢ᠃ ᠥᠨᠥᠳᠥᠷ ᠨᠠᠳᠠ ᠳ᠋ᠤ᠌ ᠡᠢᠮᠦ ᠨᠢᠭᠡ ᠪᠣᠳᠣᠯ ᠣᠷᠣᠴᠢᠬᠠᠯ᠎ᠠ᠃ 
       — ᠲᠠ᠁ ᠭᠡᠲᠡᠯ᠎ᠡ ᠬᠠᠷᠢᠯᠴᠠᠭᠤᠷ ᠠ᠋ᠴᠠ ᠫᠠᠰ ᠭᠡᠬᠦ ᠳᠠᠭᠤᠨ ᠭᠠᠷᠴᠤ ᠨᠥᠭᠦᠭᠡ ᠡᠲᠡᠭᠡᠳ ᠳ᠋ᠢᠶᠠᠩᠬᠤᠸᠠ ᠪᠠᠨ ᠳᠠᠷᠤᠴᠢᠬᠠᠪᠠ᠃ 
       ᠲᠦᠪᠰᠢᠨ ᠡᠨᠡ ᠬᠦ᠌ ᠰᠠᠨᠠᠭᠠᠨ ᠠ᠋ᠴᠠ ᠭᠠᠳᠠᠨᠠᠬᠢ ᠳ᠋ᠢᠶᠠᠩᠬᠤᠸᠠ ᠶ᠋ᠢ ᠲᠤᠰᠤᠭᠰᠠᠨ ᠳ᠋ᠠᠭᠠᠨ ᠪᠠᠬᠠᠨ ᠭᠠᠢᠬᠠᠵᠤ ᠵᠣᠭᠰᠣᠭᠰᠠᠨ ᠢ᠋ᠶ᠋ᠠᠨ ᠳᠣᠣᠷ᠎ᠠ ᠨᠢ ᠶᠡᠷᠦᠩᠬᠡᠢ ᠳ᠋ᠢᠶᠠᠩᠬᠤᠸᠠ ᠬᠠᠷᠢᠯᠴᠠᠭᠠᠨ ᠤ᠋ ᠭᠠᠵᠠᠷ ᠲᠠᠢ ᠬᠠᠷᠢᠯᠴᠠᠨ ᠰᠠᠶᠢ ᠶ᠋ᠢᠨ ᠢᠷᠡᠭᠦᠯᠦᠭᠰᠡᠨ ᠳ᠋ᠢᠶᠠᠩᠬᠤᠸᠠ ᠶ᠋ᠢᠨ ᠭᠠᠵᠠᠷ ᠢ᠋ ᠯᠠᠪᠯᠠᠬᠤᠯᠠᠷ ᠲᠡᠳᠡ ᠴᠦ᠍ ᠠᠩᠬᠠᠷᠤᠭᠰᠠᠨ ᠦᠭᠡᠢ ᠡᠴᠡ ᠲᠣᠳᠣᠷᠬᠠᠢ ᠬᠠᠷᠢᠭᠤᠯᠲᠠ ᠥᠭᠴᠦ ᠴᠢᠳᠠᠭᠰᠠᠨ ᠦᠭᠡᠢ᠃ 
       ᠲᠡᠷᠡ ᠠᠯᠪᠠᠨ ᠭᠡᠷ ᠲᠤ ᠪᠠᠨ ᠨᠠᠭᠠᠰᠢ ᠴᠠᠭᠠᠰᠢ ᠠᠯᠬᠤᠬᠤ ᠶ᠋ᠢᠨ ᠳᠠᠭᠠᠤ᠂ ᠲᠡᠭᠦᠨ ᠲᠡᠢ ᠬᠣᠯᠪᠣᠭᠳᠠᠭᠤᠯᠤᠨ ᠨᠡᠯᠢᠶᠡᠳ ᠪᠣᠳᠣᠯᠬᠢᠯᠠᠭᠠᠳ ᠶᠡᠷᠦ ᠲᠣᠬᠢᠲᠠᠢ ᠳ᠋ᠦᠩ ᠭᠠᠷᠭᠠᠵᠤ ᠳᠡᠢᠯᠦᠭᠰᠡᠨ ᠦᠭᠡᠢ᠃ ᠲᠡᠭᠡᠭᠡᠳ ᠰᠡᠳᠬᠢᠯ ᠢ᠋ᠶ᠋ᠡᠨ ᠲᠥᠪᠯᠡᠷᠡᠭᠦᠯᠦᠨ ᠪᠣᠯᠤᠷᠴᠠᠭᠠᠨ ᠤ᠋ ᠤᠤᠯ ᠡᠪᠬᠡᠮᠡᠯ ᠢ᠋ ᠡᠷᠭᠢᠭᠦᠯᠵᠦ ᠤᠷᠪᠠᠭᠤᠯᠤᠨ ᠭᠣᠣᠯ ᠪᠣᠯᠬᠤ ᠬᠡᠰᠡᠭ ᠦ᠋ᠳ ᠢ᠋ ᠨᠢ ᠳᠥᠩᠭᠡᠵᠦ ᠨᠢᠭᠡ ᠤᠳᠠᠭ᠎ᠠ ᠦᠵᠡᠵᠦ ᠪᠠᠷᠠᠲᠠᠯ᠎ᠠ ᠴᠠᠭᠳᠠᠭ᠎ᠠ ᠨᠠᠷ ᠣᠷᠣᠵᠤ ᠢᠷᠡᠭᠡᠳ ᠪᠣᠯᠤᠷᠴᠠᠭᠠᠨ ᠤ᠋ ᠰᠡᠷᠭᠦᠭᠰᠡᠨ ᠪᠠᠢᠳᠠᠯ ᠢ᠋ ᠮᠡᠳᠡᠭᠳᠡᠨ᠂ ᠣᠳᠣᠬᠠᠨ ᠳ᠋ᠤ᠌ ᠶᠠᠭᠠᠬᠢᠬᠤ ᠲᠤᠬᠠᠢ ᠵᠢᠭᠠᠪᠤᠷᠢ ᠠᠪᠬᠤ ᠳ᠋ᠤ᠌ ᠲᠦᠪᠰᠢᠨ᠄ 
       — ᠬᠠᠭᠠᠰ ᠴᠠᠭ ᠤ᠋ᠨ ᠳᠠᠷᠠᠭ᠎ᠠ ᠪᠣᠯᠤᠷᠴᠠᠭᠠᠨ ᠢ᠋ ᠪᠠᠭ᠎ᠠ ᠰᠢᠭᠦᠯᠲᠡ ᠶ᠋ᠢᠨ ᠭᠡᠷ ᠲᠦ᠍ ᠬᠦᠷᠭᠡᠵᠦ ᠢᠷ᠎ᠡ᠃ ᠵᠠᠮ ᠳᠤ ᠪᠠᠨ ᠰᠠᠢᠨ ᠬᠢᠴᠢᠶᠡ᠂ ᠶᠠᠮᠠᠷ ᠴᠦ᠍ ᠬᠥᠮᠦᠨ ᠬᠠᠷ᠎ᠠ ᠲᠠᠢ ᠵᠣᠯᠭᠠᠭᠤᠯᠵᠤ ᠪᠣᠯᠬᠤ ᠦᠭᠡᠢ ᠭᠡᠵᠦ ᠲᠠᠰᠤᠷᠬᠠᠢ ᠲᠤᠰᠢᠶᠠᠪᠠ᠃ 

          ᠤᠩᠰᠢᠭᠰᠠᠨ ᠨᠢ ᠄ ᠴᠡᠴᠡᠭᠮ᠎ᠡ