ᠬᠥᠬᠡ ᠰᠤᠳᠤᠷ < ᠳᠡᠳ᠋ >- ᠢᠨᠵᠠᠨᠨᠠᠰᠢ Хөх судар < Дэд >- Инжинаш ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ < ᠳᠡᠳ᠋ >- ᠢᠨᠵᠠᠨᠨᠠᠰᠢ Хөх судар < Дэд >- Инжинаш

ᠬᠥᠬᠡ ᠰᠤᠳᠤᠷ < ᠳᠡᠳ᠋ >- ᠢᠨᠵᠠᠨᠨᠠᠰᠢ Хөх судар < Дэд >- Инжинаш

ᠠᠩᠭᠢᠯᠠᠯ:ᠲᠡᠦᠬᠡ ᠰᠣᠶᠣᠯ
2023-09-09

341

ᠶᠡᠬᠡ ᠶᠤᠸᠠᠨ ᠤᠯᠤᠰ ᠤᠨ ᠮᠠᠨᠳᠤᠭᠰᠠᠨ ᠲᠥᠷᠥ᠍ ᠶᠢᠨ ᠬᠥᠬᠡ ᠰᠤᠳᠤᠷ < ᠳᠡᠳ᠋ >


                            <  ᠬᠥᠬᠡ ᠰᠤᠳᠤᠷ >  ᠳᠡᠳ᠋ ᠲᠡᠪᠲᠡᠷ ᠦᠨ  
                ᠦᠰᠦᠭ ᠠᠮᠢᠯᠠᠭᠤᠯᠬᠤ᠂ ᠬᠢᠨᠠᠬᠤ ᠠᠵᠢᠯ ᠳ᠋ᠤ᠌ 
                ᠣᠷᠣᠯᠴᠠᠭᠰᠠᠨ ᠬᠦᠮᠦᠰ ᠦᠨ ᠳᠦᠭᠦᠮ ᠲᠠᠨᠢᠯᠴᠠᠭᠤᠯᠭ᠎ᠠ   

ᠠᠮᠢᠳᠤ ᠦᠰᠦᠭ ᠨᠢᠭᠡᠳᠦᠭᠡᠷ ᠬᠣᠯᠪᠣᠭᠠᠨ ᠠ᠋ᠴᠠ ᠦᠰᠦᠭ ᠬᠢᠨᠠᠭᠴᠢ :
     ᠠᠯᠲᠠᠨᠰᠦ᠋ᠬᠡ - ᠬᠥᠯᠥᠨ  ᠪᠤᠢᠷ ᠠᠢᠮᠠᠭ ᠤ᠋ᠨ ᠰᠢᠨ᠎ᠡ ᠪᠠᠷᠭᠤ ᠵᠡᠭᠦᠨ ᠬᠤᠰᠢᠭᠤᠨ ᠤ᠋ ᠵᠢᠪᠬᠤᠯᠠᠩᠲᠤ ᠰᠤᠮᠤ ᠶ᠋ᠢᠨ ᠬᠣᠯᠪᠣᠭᠠᠲᠤ ᠭᠠᠴᠠᠭᠠᠨ ᠤ᠋ ᠮᠠᠯᠴᠢᠨ ᠃ 
     ᠡᠷᠳᠡᠨᠢ - ᠰᠢᠨᠵᠢᠶᠠᠩ ᠤ᠋ᠨ ᠪᠣᠷᠣᠳᠠᠯ᠎ᠠ ᠮᠣᠩᠭᠣᠯ ᠥᠪᠡᠷᠲᠡᠭᠡᠨ ᠵᠠᠰᠬᠠᠤ ᠵᠧᠦ ᠶ᠋ᠢᠨ ᠪᠣᠷᠣᠳᠠᠯ᠎ᠠ ᠬᠣᠲᠠ ᠶ᠋ᠢᠨ ᠬᠥᠮᠦᠨ᠂ ᠤᠷᠳᠤᠪᠤᠯᠠᠭ ᠪᠠᠯᠭᠠᠰᠤ ᠶ᠋ᠢᠨ ᠮᠠᠯ ᠠᠵᠤ ᠠᠬᠤᠢ ᠶ᠋ᠢᠨ ᠥᠷᠲᠡᠭᠡ ᠳ᠋ᠦ᠍ ᠠᠵᠢᠯᠯᠠᠵᠤ ᠪᠣᠢ᠃ 
     ᠥᠷᠯᠥᠭ - ᠤᠯᠠᠭᠠᠨᠬᠠᠳᠠ ᠬᠣᠲᠠ ᠶ᠋ᠢᠨ ᠪᠠᠭᠠᠷᠢᠨ ᠵᠡᠭᠦᠨ ᠬᠤᠰᠢᠭᠤᠨ ᠤ᠋ ᠪᠠᠶᠠᠨ᠋ᠠᠭᠤᠯᠠ  ᠪᠠᠯᠭᠠᠰᠤ ᠃
     ᠪᠤᠤ ᠿᠦᠩ ᠬᠤᠸᠠ - ᠲᠦᠩᠯᠢᠶᠣᠤ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠨᠤᠭᠤᠰᠤᠲᠠᠢ ᠭᠣᠣᠯ ᠪᠠᠭ᠎ᠠ ᠰᠤᠷᠭᠠᠭᠤᠯᠢ ᠶ᠋ᠢᠨ ᠪᠠᠭᠰᠢ ᠃
     ᠪᠠᠶᠠᠨᠪᠤᠯᠠᠭ - ᠵᠢᠷᠢᠮ  ᠠᠢᠮᠠᠭ ᠤ᠋ᠨ  ᠨᠠᠢ᠍ᠮᠠᠨ ᠬᠤᠰᠢᠭᠤᠨ ᠤ᠋ ᠬᠣᠩᠬᠣᠷᠳᠠᠯ᠎ᠠ ᠰᠤᠮᠤ ᠶ᠋ᠢᠨ ᠮᠠᠯᠴᠢᠨ ᠃
     ᠬᠠᠨᠲᠠᠵᠠᠪ - ᠬᠥᠯᠥᠨ  ᠪᠤᠢᠷ ᠠᠢᠮᠠᠭ ᠤ᠋ᠨ ᠡᠸᠡᠩᠬᠢ ᠬᠤᠰᠢᠭᠤᠨ ᠤ᠋ ᠰᠢᠨᠡᠬᠡᠨ ᠵᠡᠭᠦᠨ ᠰᠤᠮᠤᠨ ᠤ᠋ ᠮᠠᠯ ᠤ᠋ᠨ ᠡᠮᠴᠢ ᠶ᠋ᠢᠨ ᠮᠡᠷᠭᠡᠵᠢᠯ ᠲᠡᠢ᠂ ᠮᠠᠯ ᠤ᠋ᠨ ᠡᠮ ᠦ᠋ᠨ ᠳᠡᠯᠭᠡᠭᠦᠷ ᠡᠷᠬᠢᠯᠡᠵᠦ ᠪᠣᠢ᠃ 
     ᠰᠠᠷᠠᠨ᠎ᠠ - ᠥᠪᠥᠷ ᠮᠣᠩᠭᠣᠯ ᠤ᠋ᠨ ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᠳᠠᠴᠢᠨᠲᠠᠯ᠎ᠡ ᠪᠠᠯᠭᠠᠰᠤ ᠪᠠᠷ ᠨᠤᠲᠤᠭ ᠲᠠᠢ ᠂ ᠬᠤᠪᠢ ᠶ᠋ᠢᠨ ᠠᠵᠤ ᠠᠬᠤᠢᠯᠠᠯᠲᠠᠨ ᠃ 
     ᠲ ·ᠪᠠᠶᠠᠷ ( ᠮᠣᠩᠭᠣᠯ ᠨᠤᠲᠤᠭ ) - ᠨᠠᠢ᠍ᠮᠠᠨ ᠬᠤᠰᠢᠭᠤᠨ ᠤ᠋ ᠳᠠᠴᠢᠨᠲᠠᠯ᠎ᠠ ᠪᠠᠯᠭᠠᠰᠤᠨ ᠤ᠋ ᠵᠡᠭᠡᠰᠦᠲᠡᠢ ᠭᠠᠴᠠᠭ᠎ᠠ ( ᠤᠤᠯ ᠤ᠋ᠨ ᠪᠠᠭᠠᠪᠡᠷᠬᠡ ᠰᠤᠮᠤ ᠶ᠋ᠢᠨ ᠱᠸᠵᠢᠨ ᠭᠠᠴᠠᠭ᠎ᠠ ) ᠃ 
     ᠳᠠᠯᠠᠢᠪᠠᠶᠠᠷ - ᠬᠥᠯᠥᠨ  ᠪᠤᠢᠷ ᠠᠢᠮᠠᠭ ᠤ᠋ᠨ ᠰᠢᠨ᠎ᠡ ᠪᠠᠷᠭᠤ ᠪᠠᠷᠠᠭᠤᠨ ᠬᠤᠰᠢᠭᠤᠨ ᠤ᠋ ᠬᠡᠷᠦᠯᠦᠨ ᠰᠤᠮᠤ  ᠶ᠋ᠢᠨ ᠪᠠᠶᠠᠨᠬᠦ᠋ᠷᠢᠶ᠎ᠡ ᠭᠠᠴᠠᠭᠠᠨ ᠤ᠋ ᠮᠠᠯᠴᠢᠨ ᠃
     ᠴᠸᠨ ᠬᠤᠪᠢᠰᠬᠠᠯ - ᠨᠠᠢ᠍ᠮᠠᠨ  ᠬᠤᠰᠢᠭᠤᠨ ᠤ᠋  ᠪᠠᠢᠰᠢᠩᠲᠤ  ᠪᠠᠯᠭᠠᠰᠤᠨ ᠤ᠋  ᠪᠠᠢᠰᠢᠩᠲᠤ ᠳᠤᠮᠳᠠᠳᠤ ᠰᠤᠷᠭᠠᠭᠤᠯᠢ ᠶ᠋ᠢᠨ ᠬᠢᠮᠢ ᠶ᠋ᠢᠨ ᠲᠠᠰᠤᠭ ᠤ᠋ᠨ ᠪᠠᠭᠰᠢ ᠃
     ᠪᠤᠤ ᠸᠧᠨ ᠬᠤᠸᠠ ( ᠬᠡᠯᠡᠰᠣᠶᠣᠯ )  : ᠲᠦᠩᠯᠢᠶᠣᠤ ᠬᠣᠲᠠ᠂ ᠬᠦᠷᠢᠶ᠎ᠡ ᠬᠣᠰᠢᠭᠤ᠂ ᠮᠠᠩᠬᠠᠨ ᠰᠤᠮᠤ᠂ ᠰᠢᠷᠠᠬᠣᠣᠯᠠᠢ  ᠨᠤᠲᠤᠭ ᠲᠠᠢ᠃ 

ᠠᠮᠢᠳᠤ ᠦᠰᠦᠭ ᠭᠤᠷᠪᠠᠳᠤᠭᠠᠷ ᠬᠣᠯᠪᠣᠭᠠᠨ ᠠ᠋ᠴᠠ ᠦᠰᠦᠭ ᠬᠢᠨᠠᠭᠴᠢ :
     ᠰᠠᠮᠳᠠᠨᠭᠡᠷᠡᠯ - ᠰᠢᠯᠢᠨ ᠭᠣᠣᠯ  ᠠᠢᠮᠠᠭ ᠤ᠋ᠨ ᠰᠢᠯᠢ ᠶ᠋ᠢᠨ ᠬᠣᠲᠠ ᠶ᠋ᠢᠨ ᠰᠠᠭᠤᠭᠠᠯᠢ ᠲᠣᠭᠣᠷᠢᠭ ᠤ᠋ᠨ ᠳᠡᠳ᠋ ᠱᠦᠵᠢ  ᠃
     ᠱᠠᠭᠰᠠᠯ - ᠬᠥᠯᠥᠨ  ᠪᠤᠢᠷ ᠠᠢᠮᠠᠭ ᠤ᠋ᠨ ᠰᠢᠨ᠎ᠡ ᠪᠠᠷᠭᠤ ᠵᠡᠭᠦᠨ ᠬᠤᠰᠢᠭᠤᠨ ᠤ᠋ ᠵᠢᠪᠬᠤᠯᠠᠩᠲᠤ ᠰᠤᠮᠤ ᠃ 
     ᠥᠭᠡᠳᠡᠯᠡᠬᠦ - ᠰᠢᠯᠢ ᠶ᠋ᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤᠨ ᠤ᠋ ᠤᠤᠯ ᠤ᠋ᠨ ᠪᠠᠴᠢ ᠰᠤᠮᠤᠨ ᠤ᠋ ᠰᠤᠷᠭᠠᠭᠤᠯᠢ ᠳ᠋ᠤ᠌ ᠪᠠᠭᠰᠢᠯᠠᠵᠤ ᠪᠠᠢᠪᠠ᠃ ᠰᠡᠭᠦᠯᠡᠷ ᠨᠢ ᠰᠤᠷᠭᠠᠭᠤᠯᠢ ᠨᠡᠢᠯᠡᠭᠡᠳ ᠭᠤᠷᠪᠠᠳᠤᠭᠠᠷ  ᠪᠠᠭ᠎ᠠ ᠰᠤᠷᠭᠠᠭᠤᠯᠢ ᠠ᠋ᠴᠠ ᠠᠵᠢᠯ ᠤ᠋ᠨ ᠠᠮᠠᠷᠠᠯᠲᠠ ᠪᠠᠨ ᠠᠪᠴᠠᠢ᠃
     ᠢᠦᠢ ᠷᠦᠩ -  ᠬᠥᠯᠥᠨ ᠪᠤᠢᠷ  ᠠᠢᠮᠠᠭ ᠤ᠋ᠨ ᠬᠠᠭᠤᠴᠢᠨ ᠪᠠᠷᠭᠤ ᠬᠤᠰᠢᠭᠤᠨ ᠤ᠋  ᠦᠨᠳᠦᠰᠦᠲᠡᠨ ᠦ᠌  ᠳᠤᠮᠳᠠᠳᠤ ᠰᠤᠷᠭᠠᠭᠤᠯᠢ ᠠ᠋ᠴᠠ ᠠᠵᠢᠯ ᠤ᠋ᠨ ᠠᠮᠠᠷᠠᠯᠲᠠ ᠪᠠᠨ ᠠᠪᠤᠭᠰᠠᠨ ᠪᠠᠭᠰᠢ ᠃
     ᠪᠣᠷᠵᠢᠭᠢᠨ ᠣ᠂  ᠪᠤᠶᠠᠡᠡᠥ᠋ᠯᠵᠠᠢ - ᠰᠢᠯᠢ ᠶ᠋ᠢᠨ ᠭᠣᠣᠯ ᠠᠢᠮᠠᠭ ᠤ᠋ᠨ ᠵᠡᠭᠦᠨ ᠦᠵᠦᠮᠦᠴᠢᠨ ᠬᠤᠰᠢᠭᠤᠨ ᠤ᠋ ᠤᠤᠯ ᠤ᠋ᠨ ᠴᠠᠭᠠᠨᠨᠠᠭᠤᠷ ᠰᠤᠮᠤᠨ ᠤ᠋  ᠬᠥᠭᠵᠢᠯᠲᠦ ᠭᠠᠴᠠᠭ᠎ᠠ᠃  ᠲᠡᠷᠡ1998 ᠣᠨ ᠳ᠋ᠤ᠌ ᠠᠩᠬᠠᠨ ᠤ᠋ ᠪᠦᠲᠦᠭᠡᠯ 《 ᠮᠢᠨᠦ ᠡᠵᠢ ᠮᠠᠯᠴᠢᠨ ᠬᠥᠮᠦᠨ》 ᠭᠡᠬᠦ ᠰᠢᠯᠦᠭ ᠢ᠋ᠶ᠋ᠡᠷ ᠰᠢᠯᠢ ᠶ᠋ᠢᠨ ᠭᠣᠣᠯ ᠤ᠋ᠨ ᠡᠳᠦᠷ ᠦ᠋ᠨ ᠰᠣᠨᠢᠨ ᠤ᠋ 《 ᠡᠵᠢ ᠨᠠᠭᠤᠷ》 ᠲᠤᠰᠬᠠᠢ ᠪᠤᠯᠤᠩ ᠳ᠋ᠤ᠌ ᠨᠡᠢᠲᠡᠯᠡᠭᠦᠯᠦᠭᠰᠡᠨ  ᠡᠴᠡ  ᠨᠠᠭᠠᠰᠢ ᠢᠷᠠᠭᠤ ᠨᠠᠢᠷᠠᠭ᠂  ᠨᠠᠢᠷᠠᠭᠤᠯᠤᠯ᠂ ᠳᠠᠭᠤᠨ ᠤ᠋ ᠦᠭᠡ ᠂  ᠦᠰᠦᠨ ᠪᠢᠷ ᠦ᠋ᠨ ᠤᠷᠠᠨ ᠪᠢᠴᠢᠯᠭᠡ ᠵᠡᠷᠭᠡ ᠪᠦᠲᠦᠭᠡᠯ ᠢ᠋ᠶ᠋ᠡᠷ ᠲᠥᠪ  ᠪᠤᠶᠤ ᠡᠯ᠎ᠡ ᠣᠷᠣᠨ  ᠠᠢᠮᠠᠭ ᠤ᠋ᠨ  ᠷᠠᠳᠢᠣ᠋ ᠲᠧᠯᠸᠢᠰ᠂ ᠰᠣᠨᠢᠨ ᠰᠡᠳᠬᠦᠯ  ᠳ᠋ᠦ᠍( ᠮᠡᠳᠡᠭᠡᠯᠡᠯ ᠴᠢᠮᠡᠭᠡᠯᠡᠯ)1000 ᠰᠢᠬᠠᠮ ᠡᠬᠡ  ᠪᠢᠴᠢᠭ ᠢ᠋ᠶ᠋ᠡᠨ  ᠳᠠᠮᠵᠢᠭᠤᠯᠤᠨ ᠨᠡᠢᠲᠡᠯᠡᠭᠦᠯᠵᠦ ᠢᠷᠡᠵᠡᠢ᠃  ᠣᠳᠣ ᠲᠡᠷᠡ ᠮᠠᠨᠢ ᠮᠥᠨ ᠮᠣᠩᠭᠣᠯ ᠰᠣᠶᠣᠯ ᠤ᠋ᠨ ᠢᠶᠠᠨ ᠲᠤᠯᠭ᠎ᠠ ᠶ᠋ᠢᠨ ᠭᠤᠷᠪᠠᠨ ᠴᠢᠯᠠᠭᠤ  ᠳ᠋ᠤ᠌ ᠭᠠᠯ ᠨᠡᠮᠡᠵᠦ ᠮᠣᠷᠢᠲᠠᠢ  ᠬᠡᠢᠮᠣᠷᠢ ᠪᠠᠨ ᠮᠠᠨᠳᠤᠭᠤᠯᠵᠤ ᠢᠷᠠᠭᠤ  ᠨᠠᠢᠷᠠᠭ ᠢ᠋ᠶ᠋ᠠᠨ ᠪᠢᠴᠢᠵᠦ ᠶᠠᠪᠤᠨᠠᠮ᠃  

ᠠᠮᠢᠳᠤ ᠦᠰᠦᠭ  ᠲᠠᠪᠤᠳᠤᠭᠠᠷ ᠬᠣᠯᠪᠣᠭᠠᠨ ᠠ᠋ᠴᠠ ᠦᠰᠦᠭ ᠬᠢᠨᠠᠭᠴᠢ :
     ᠲᠠᠨ᠎ᠠ -  ᠰᠢᠯᠢ ᠶ᠋ᠢᠨ ᠭᠣᠣᠯ ᠠᠢᠮᠠᠭ ᠤ᠋ᠨ ᠵᠡᠭᠦᠨ ᠰᠥᠨᠢᠳ ᠬᠣᠰᠢᠭᠤ ᠃
     ᠭᠡᠷᠡᠯ - ᠣᠷᠳᠣᠰ ᠬᠣᠲᠠ ᠶ᠋ᠢᠨ ᠦᠦᠰᠢᠨ ᠬᠣᠰᠢᠭᠤ ᠃
     ᠣᠳᠣᠨ - ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠣᠰᠢᠭᠤ ᠃
     ᠤᠷᠠᠨ -  ᠤᠯᠠᠭᠠᠨᠬᠠᠳᠠ ᠬᠣᠲᠠ ᠶ᠋ᠢᠨ  ᠬᠡᠰᠢᠭᠲᠡᠨ ᠬᠤᠰᠢᠭᠤᠨ ᠤ᠋ ᠳᠠᠯᠠᠢᠨᠠᠭᠣᠷ  ᠦᠨᠳᠦᠰᠦᠲᠡᠨ ᠦ᠌ ᠲᠤᠷᠰᠢᠯᠲᠠ ᠶ᠋ᠢᠨ ᠪᠠᠭ᠎ᠠ ᠰᠤᠷᠭᠠᠭᠤᠯᠢ ᠳ᠋ᠤ᠌ ᠠᠵᠢᠯᠯᠠᠵᠤ ᠪᠣᠢ ᠃
     ᠨᠠᠷᠠᠨᠵᠦ᠋ᠭ - ᠨᠡᠷ᠎ᠡ  ᠭᠧᠨ ᠰᠢᠶᠣᠤ ᠂ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠬᠣᠨᠳᠣ ᠪᠠᠯᠭᠠᠰᠤᠨ ᠤ᠋ ᠃
     ᠰᠠᠷᠠᠨᠲᠤᠶᠠᠭ᠎ᠠ - ᠣᠷᠳᠣᠰ ᠬᠣᠲᠠ ᠶ᠋ᠢᠨ ᠣᠲᠣᠭ ᠬᠣᠰᠢᠭᠤ ᠥᠪᠥᠷ ᠮᠣᠩᠭᠣᠯ ᠤ᠋ᠨ ᠦᠨᠳᠦᠰᠦᠲᠡᠨ ᠦ᠌  ᠴᠡᠴᠡᠷᠯᠢᠭ ᠦ᠋ᠨ ᠪᠠᠭᠰᠢ ᠶ᠋ᠢᠨ ᠲᠤᠰᠬᠠᠢ ᠮᠡᠷᠭᠡᠵᠢᠯ ᠦ᠋ᠨ ᠳᠡᠭᠡᠳᠦ ᠰᠤᠷᠭᠠᠭᠤᠯᠢ ᠳ᠋ᠤ᠌ ᠪᠠᠭᠰᠢ ᠶ᠋ᠢᠨ ᠠᠯᠪᠠ ᠲᠠᠢ ᠃ 
     ᠪᠤᠤ ᠴᠢᠩ ᠬᠡᠦ -  ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠮᠠᠩᠬᠠᠨ ᠰᠤᠮᠤ ᠃ 
     ᠪᠠᠯᠵᠢ (ᠬᠥᠬᠡ ᠮᠣᠩᠭᠣᠯ )  - ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ ᠃
     ᠰ ᠂ ᠵᠢᠷᠭᠠᠯ -  ᠤᠯᠠᠭᠠᠨᠬᠠᠳᠠ ᠬᠣᠲᠠ ᠶ᠋ᠢᠨ ᠬᠡᠰᠢᠭᠲᠡᠨ ᠬᠤᠰᠢᠭᠤᠨ ᠤ᠋ ᠤᠤᠭᠠᠯ ᠃
     ᠤᠶᠠᠩᠭ᠎ᠠ - ᠲᠦᠩᠯᠢᠶᠣᠤ ᠬᠣᠲᠠ ᠶ᠋ᠢᠨ  ᠵᠠᠷᠤᠳ ᠬᠤᠰᠢᠭᠤᠨ ᠤ᠋ ᠠᠵᠢᠯ ᠠ᠋ᠴᠠ ᠪᠠᠨ ᠠᠮᠠᠷᠠᠭᠰᠠᠨ ᠪᠠᠭᠰᠢ᠃ 
     ᠵᠢᠩᠯᠢᠬᠤᠸᠠᠷ - ᠣᠷᠳᠣᠰ ᠬᠣᠲᠠ ᠶ᠋ᠢᠨ ᠦᠦᠰᠢᠨ ᠬᠤᠰᠢᠭᠤᠨ ᠤ᠋ ᠠᠵᠢᠯ ᠠ᠋ᠴᠠ ᠪᠠᠨ ᠠᠮᠠᠷᠠᠭᠰᠠᠨ  ᠪᠠᠭᠰᠢ ᠃ 

ᠺᠣᠮᠫᠢᠦ᠋ᠲ᠋ᠧᠷ ᠦ᠋ᠨ  ᠬᠢᠨᠠᠭᠴᠢ  ᠪᠠᠭᠰᠢ ᠨᠠᠷ ᠄   
     ᠰᠢᠯᠤᠭᠤᠨ - ᠬᠣᠷᠴᠢᠨ ᠠᠢᠮᠠᠭ ᠤ᠋ᠨ  ᠨᠠᠢ᠍ᠮᠠᠨ ᠬᠣᠰᠢᠭᠤ ᠨᠤᠲᠤᠭ ᠲᠠᠢ᠂  ᠬᠠᠢᠯᠠᠷ ᠲᠤ᠌ ᠠᠵᠢᠯᠯᠠᠵᠤ  ᠪᠠᠢᠨ᠎ᠠ᠃ ᠮᠣᠩᠭᠣᠯ ᠰᠣᠶᠣᠯ ᠳ᠋ᠤ᠌ ᠪᠠᠨ   ᠬᠠᠢᠷᠠᠲᠠᠢ ᠵᠢᠷ ᠦ᠋ᠨ  ᠨᠢᠭᠡᠨ ᠮᠣᠩᠭᠣᠯ ᠬᠥᠮᠦᠨ ᠃
     ᠮᠥᠴᠢᠷ - ᠲᠦᠩᠯᠢᠶᠣᠤ ᠬᠣᠲᠠ ᠶ᠋ᠢᠨ  ᠨᠠᠢ᠍ᠮᠠᠨ ᠬᠤᠰᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ ᠃
     ᠬᠠᠢ ᠵᠢᠶᠦ᠋ᠨ - ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠤᠰᠢᠭᠤᠨ ᠤ᠋ ᠰᠠᠢᠬᠠᠨ ᠵᠡᠭᠡᠯᠢ  ᠭᠤᠳᠤᠮᠵᠢ ᠶ᠋ᠢᠨ ᠬᠠᠮᠢᠶᠠᠷᠤᠯᠲᠠ ᠶ᠋ᠢᠨ ᠠᠯᠪᠠᠨ ᠭᠡᠷ ᠦ᠋ᠨ ᠠᠵᠢᠯᠲᠠᠨ ᠃
     ᠪᠤᠤ ᠳᠣᠷᠣᠨ᠎ᠠ - ᠪᠤᠤ ᠿᠦᠩ ᠬᠤᠸᠠ᠃ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠨᠤᠭᠤᠰᠤᠲᠠᠢ  ᠪᠠᠯᠭᠠᠰᠤᠨ ᠤ᠋ ᠭᠣᠣᠯ ᠪᠠᠭ᠎ᠠ ᠰᠤᠷᠭᠠᠭᠤᠯᠢ ᠶ᠋ᠢᠨ ᠲᠣᠭᠠᠨ ᠤ᠋ ᠤᠬᠠᠭᠠᠨ ᠤ᠋ ᠪᠠᠭᠰᠢ ᠃ 
     ᠳᠣᠷᠣᠨ᠎ᠠ - ᠬᠡᠰᠢᠭᠲᠡᠨ ᠬᠣᠰᠢᠭᠤ ᠪᠠᠷ ᠨᠤᠲᠤᠭᠲᠠᠢ ᠂ ᠲᠦᠩᠯᠢᠶᠣᠤ ᠬᠣᠲᠠ ᠶ᠋ᠢᠨ 《 ᠠᠯᠲᠠᠨ ᠦᠨᠳᠦᠰᠦ 》 ᠰᠡᠳᠬᠦᠯ ᠦ᠋ᠨ ᠮᠣᠩᠭᠣᠯ ᠬᠡᠯᠡᠨ ᠦ᠌ ᠨᠠᠢᠷᠠᠭᠤᠯᠤᠭᠴᠢ ᠃ 
     ᠰ᠂ ᠳᠣᠷᠣᠨ᠎ᠠ - ᠰᠢᠯᠢ ᠶ᠋ᠢᠨ ᠭᠣᠣᠯ  ᠠᠢᠮᠠᠭ ᠊ᠤᠨ  ᠡᠷᠢᠶᠡᠨ ᠬᠣᠲᠠ ᠶ᠋ᠢᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ ᠃
     ᠰᠡᠴᠡᠨᠴᠢᠮᠡᠭ - ᠲᠦᠩᠯᠢᠶᠣᠤ ᠬᠣᠲᠠ ᠶ᠋ᠢᠨ  ᠨᠠᠢ᠍ᠮᠠᠨ ᠬᠤᠰᠢᠭᠤᠨ ᠤ᠋ ᡁᠢ ᠠᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ ᠃ 
     ᠱᠤᠸᠠᠩ ᠤ᠋ᠨ ᠬᠤᠸᠠ - ᠲᠥᠷᠥᠭᠰᠡᠨ ᠨᠤᠲᠤᠭ ᠲᠦᠩᠯᠢᠶᠣᠤ ᠬᠣᠲᠠ ᠶ᠋ᠢᠨ ᠬᠦᠷᠢᠶ᠎ᠡ ᠬᠣᠰᠢᠭᠤ᠂  ᠣᠳᠣ ᠤᠯᠠᠭᠠᠨᠴᠠᠪ ᠬᠣᠲᠠ ᠶ᠋ᠢᠨ ᠰᠢᠩ ᠾᠧ ᠰᠢᠶᠠᠨ ᠤ᠋ ᠬᠥᠳᠡᠭᠡ ᠲᠣᠰᠬᠣᠨ ᠢ᠋  ᠬᠥᠭᠵᠢᠭᠦᠯᠬᠦ ᠲᠣᠪᠴᠢᠶᠠᠨ ᠳ᠋ᠤ᠌ ᠠᠵᠢᠯᠯᠠᠵᠤ ᠪᠣᠢ ᠃
     ᠲᠦᠯᠡᠭᠡᠴᠢᠨ ᠵ᠂ ᠴᠡᠴᠡᠭ - ᠣᠷᠳᠣᠰ ᠣᠲᠣᠭ ᠬᠣᠰᠢᠭᠤ ᠂  Atomyᠨᠣᠭᠣᠭᠠᠨ ᠪᠷᠠᠨᠳ᠋ ᠴᠠᠬᠢᠮ ᠬᠤᠳᠠᠯᠳᠤᠭᠠᠨ ᠤ᠋ ᠳᠡᠯᠭᠡᠭᠦᠷ ᠠᠵᠢᠯᠯᠠᠭᠤᠯᠳᠠᠭ᠃ 
     ᠿᠦᠩ ᠰᠢ - ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠬᠦᠷᠢᠶ᠎ᠡ ᠪᠠᠯᠭᠠᠰᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠠᠵᠢᠯᠲᠠᠨ 
     ᠭᠡᠭᠡᠨᠲᠠᠨ᠎ᠠ - ᠪᠠᠶᠠᠨᠨᠠᠭᠤᠷ ᠠᠢᠮᠠᠭ ᠤ᠋ᠨ ᠤᠷᠠᠳ ᠤ᠋ᠨ ᠬᠣᠢᠲᠤ ᠬᠤᠰᠢᠭᠤᠨ ᠤ᠋ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠳ᠋ᠦ᠍ ᠠᠵᠢᠯᠯᠠᠵᠤ ᠪᠣᠢ᠃ 
     ᠪᠠᠳᠮ᠎ᠠ -  ᠣᠷᠳᠣᠰ ᠬᠣᠲᠠ ᠶ᠋ᠢᠨ ᠬᠠᠩᠭᠢᠨ ᠬᠤᠰᠢᠭᠤᠨ ᠤ᠋ ᠰᠢᠨᠡᠪᠠᠯᠭᠠᠰᠤ ᠶ᠋ᠢᠨ ᠠᠷᠠᠳ ᠤ᠋ᠨ ᠵᠠᠰᠠᠭ ᠤ᠋ᠨ ᠣᠷᠳᠣᠨ ᠤ᠋ ᠠᠵᠢᠯᠲᠠᠨ᠃
     ᠬᠠᠰᠤᠩᠭᠤᠸ᠎ᠡ ( ᠭᠠᠸᠠ)  -  ᠳᠠᠯᠠᠨ ᠨᠠᠰᠤ ᠲᠠᠢ᠂ ᠵᠢᠷᠢᠮ ᠠᠢᠮᠠᠭ ᠂ ᠡᠮᠴᠢ ᠶ᠋ᠢᠨ ᠠᠯᠪᠠ ᠠ᠋ᠴᠠ ᠠᠮᠠᠷᠠᠯᠲᠠ  ᠪᠡᠨ ᠠᠪᠤᠭᠰᠠᠨ ᠃ 
     ᠮᠥᠩᠬᠡᠵᠢᠷᠭᠠᠯ  ᠪᠤᠭᠤᠲᠤ ᠬᠣᠲᠠ ᠶ᠋ᠢᠨ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ ᠨᠤᠲᠤᠭ ᠲᠠᠢ᠂ ᠬᠠᠷᠢᠶᠠᠲᠤ ᠳᠤᠮᠳᠠᠳᠤ ᠰᠢᠷᠭᠤᠭᠤᠯᠢ ᠠ᠋ᠴᠠ ᠲᠡᠭᠦᠰᠦᠭᠰᠡᠨ᠃ 
     ᠰᠠᠷᠠᠨ᠎ᠠ - ᠵᠠᠷᠤᠳ ᠬᠣᠰᠢᠭᠤ ᠨᠤᠲᠤᠭ ᠲᠠᠢ᠂ ᠣᠳᠣᠬᠠᠨ ᠳ᠋ᠤ᠌  ᠤᠯᠠᠭᠠᠨᠴᠠᠪ ᠬᠣᠲᠠ ᠶ᠋ᠢᠨ ᠠᠵᠢᠯ  ᠮᠡᠷᠭᠡᠵᠢᠯ ᠦ᠋ᠨ ᠰᠤᠷᠭᠠᠭᠤᠯᠢ ᠳ᠋ᠤ᠌ ᠠᠵᠢᠯᠯᠠᠵᠤ ᠪᠠᠢᠨ᠎ᠠ ᠃
     ᠦᠯᠵᠡᠢᠪᠦ᠋ᠷᠢᠨ - ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠬᠠᠷᠢᠶᠠᠲᠤ ᠳᠤᠮᠳᠠᠳᠤ ᠰᠤᠷᠭᠠᠭᠤᠯᠢ ᠶ᠋ᠢᠨ ᠹᠢᠽᠢᠺ ᠦ᠋ᠨ ᠪᠠᠭᠰᠢ ᠃
     ᠯᠦᠩ ᠳᠠᠩ - ᠵᠣᠣ ᠤᠳᠠ ᠶ᠋ᠢᠨ ᠴᠢᠭᠤᠯᠭᠠᠨ ᠤ᠋ ᠠᠷᠤ ᠬᠣᠷᠴᠢᠨ ᠤ᠋ ᠤᠤᠭᠠᠯ᠂ ᠴᠢᠪᠠᠭ᠎ᠠ ᠲᠠᠪᠤᠳᠤᠭᠠᠷ ᠳᠤᠮᠳᠠᠳᠤ ᠰᠤᠷᠭᠠᠭᠤᠯᠢ ᠠ᠋ᠴᠠ ᠠᠵᠢᠯ ᠤ᠋ᠨ ᠠᠮᠠᠷᠠᠯᠲᠠ ᠪᠠᠨ ᠠᠪᠤᠭᠰᠠᠨ᠂ ᠳᠤᠮᠳᠠᠳᠤ ᠰᠤᠷᠭᠠᠭᠤᠯᠢ ᠶ᠋ᠢᠨ ᠳᠡᠭᠡᠳᠦ ᠳᠡᠰ ᠦ᠋ᠨ ᠮᠡᠷᠭᠡᠵᠢᠯ ᠦ᠋ᠨ ᠴᠣᠯᠠ ᠲᠠᠢ ᠵᠢᠷ ᠦ᠋ᠨ ᠨᠢᠭᠡ ᠲᠣᠭᠠᠨ ᠤ᠋ ᠤᠬᠠᠭᠠᠨ ᠤ᠋ ᠪᠠᠭᠰᠢ᠃
      ᠲᠤᠭᠴᠢ ᠰᠠᠷᠠᠨ᠎ᠠ -  ᠪᠡᠭᠡᠵᠢᠩ ᠬᠣᠲᠠ ( ᠶᠠᠫᠤᠨ ᠤ ᠰᠦᠩ ᠰᠢᠶᠠ ᠪᠦᠯᠦᠭᠯᠡᠯ ᠦᠨ ᠮᠡᠷᠭᠡᠵᠢᠯ ᠦᠨ ᠰᠠᠯᠪᠤᠷᠢ  )
      ᠣᠳᠬᠠᠨᠰᠸ᠎ᠠ  -  ᠪᠤᠭᠤᠲᠤ ᠬᠣᠲᠠ ᠶ᠋ᠢᠨ ᠵᠧᠦ ᠶᠤᠸᠠᠨ ᠲᠣᠭᠣᠷᠢᠭ ᠤ᠋ᠨ ᠮᠣᠩᠭᠣᠯ ᠪᠠᠭ᠎ᠠ ᠰᠤᠷᠭᠠᠭᠤᠯᠢ ᠶ᠋ᠢᠨ ᠠᠵᠢᠯ ᠠ᠋ᠴᠠ ᠪᠠᠨ ᠠᠮᠠᠷᠠᠭᠰᠠᠨ ᠮᠣᠩᠭᠣᠯ ᠬᠡᠯᠡᠨ ᠦ᠌ ᠪᠠᠭᠰᠢ ( ᠥᠨᠳᠥᠷ ᠳᠡᠰ ) ᠃