ᠬᠥᠬᠡ ᠰᠤᠳᠤᠷ - ᠢᠨᠵᠠᠨᠨᠠᠰᠢ <ᠭᠤᠴᠢᠨ ᠳᠥᠷᠪᠡᠳᠦᠭᠡᠷ ᠪᠦᠯᠦᠭ > Хөх судар - Инжинаш <Гучин дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠳᠥᠷᠪᠡᠳᠦᠭᠡᠷ ᠪᠦᠯᠦᠭ > Хөх судар - Инжинаш <Гучин дөрөвдүгээр бүлэг >

ᠬᠥᠬᠡ ᠰᠤᠳᠤᠷ - ᠢᠨᠵᠠᠨᠨᠠᠰᠢ <ᠭᠤᠴᠢᠨ ᠳᠥᠷᠪᠡᠳᠦᠭᠡᠷ ᠪᠦᠯᠦᠭ > Хөх судар - Инжинаш <Гучин дөрөвдүгээр бүлэг >

ᠠᠩᠭᠢᠯᠠᠯ:ᠲᠡᠦᠬᠡ ᠰᠣᠶᠣᠯ
2023-08-29

305

ᠪᠣᠭᠳᠠ ᠬᠥᠮᠦᠨ ᠤᠯᠤᠰ ᠪᠠᠢᠭᠤᠯᠬᠤᠢ ᠳ᠋ᠤᠷ ᠲᠥᠷᠥᠭᠰᠡᠨ ᠦᠷ᠎ᠡ ᠪᠡᠷ ᠭᠠᠪᠢᠶᠠᠲᠤ ᠰᠠᠢᠳ ᠯᠤᠭ᠎ᠠ ᠤᠷᠤᠭ ᠪᠠᠷᠢᠪᠠ

ᠪᠤᠷᠤᠭᠤ ᠠᠷᠰᠯᠠᠨ ᠣᠮᠣᠭ ᠲᠥᠷᠥᠬᠦᠢ ᠳ᠋ᠦ᠍ᠷ ᠲᠡᠷᠢᠭᠦᠯᠡᠭᠰᠡᠨ ᠲᠦᠰᠢᠮᠡᠯ  ᠢᠶᠡᠨ ᠶᠠᠯ᠎ᠠ ᠥᠭᠡᠶ᠎ᠡ ᠦᠰ ᠡᠪᠦᠷᠯᠡᠪᠡ


                   ᠭᠤᠴᠢᠨ ᠳᠥᠷᠪᠡᠳᠦᠭᠡᠷ ᠪᠦᠯᠦᠭ  
                         ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠲᠠᠢ ᠶ᠋ᠢᠨ ᠭᠤᠷᠪᠠᠳᠤᠭᠠᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ 
                                 ᠲᠠᠢ ᠾᠧ ᠶ᠋ᠢᠨ ᠭᠤᠷᠪᠠᠳᠤᠭᠠᠷ ᠣᠨ ᠂ ᠬᠠᠷᠠᠭᠴᠢᠨ ᠭᠠᠬᠠᠢ ᠵᠢᠯ ᠂ ᠲᠠᠢᠽᠦ ᠳᠥᠴᠢᠨ ᠬᠣᠶᠠᠷ ᠰᠡᠭᠦᠳᠡᠷ ᠲᠡᠢ 

              ᠪᠣᠭᠳᠠ ᠬᠥᠮᠦᠨ ᠤᠯᠤᠰ ᠪᠠᠢᠭᠤᠯᠬᠤᠢ ᠳ᠋ᠤᠷ ᠲᠥᠷᠥᠭᠰᠡᠨ ᠦᠷ᠎ᠡ ᠪᠡᠷ ᠭᠠᠪᠢᠶᠠᠲᠤ ᠰᠠᠢᠳ ᠯᠤᠭ᠎ᠠ ᠤᠷᠤᠭ ᠪᠠᠷᠢᠪᠠ 
              ᠪᠤᠷᠤᠭᠤ ᠠᠷᠰᠯᠠᠨ ᠣᠮᠣᠭ ᠲᠦᠷᠦᠬᠦᠢ ᠳ᠋ᠦ᠍ᠷ ᠲᠡᠷᠢᠭᠦᠯᠡᠭᠰᠡᠨ ᠲᠦᠰᠢᠮᠡᠯ ᠢ᠋ᠶ᠋ᠡᠨ  ᠶᠠᠯ᠎ᠠ ᠥᠭᠡᠶ᠎ᠡ ᠦᠰ ᠡᠪᠦᠷᠯᠡᠪᠡ 

       ᠲᠡᠨᠳᠡᠴᠡ ᠵᠢᠴᠢ ᠥᠷᠯᠥᠭᠡ ᠬᠠᠷᠠᠭᠴᠢᠨ ᠭᠠᠬᠠᠢ ᠵᠢᠯ ᠦ᠋ᠨ ᠰᠢᠨ᠎ᠡ ᠶ᠋ᠢᠨ ᠨᠢᠭᠡᠨ ᠦ᠌ ᠥᠷᠯᠥᠭᠡ ᠲᠠᠢᠽᠦ ᠦᠬᠡᠷ ᠴᠠᠭ ᠲᠤᠷ ᠳᠡᠭᠡᠭᠰᠢᠯᠡᠵᠦ᠂ ᠯᠤᠤ ᠴᠠᠭ ᠤ᠋ᠨ ᠬᠢᠷᠢ ᠳ᠋ᠦ᠍ᠷ ᠠᠯᠲᠠᠨ ᠤ᠋ ᠮᠠᠯᠠᠭ᠎ᠠ᠂ ᠬᠠᠰ ᠤ᠋ᠨ ᠪᠦᠰᠡ ᠪᠡᠨ ᠲᠡᠭᠰᠢᠳᠬᠡᠵᠦ ᠲᠡᠭᠷᠢ ᠭᠠᠵᠠᠷ ᠲᠤᠷ ᠮᠥᠷᠭᠥᠨ᠂ ᠤᠷᠢᠳᠤᠰ ᠡᠪᠦᠭᠡᠳ ᠲᠣᠷ ᠶᠣᠰᠣᠯᠠᠨ᠂ ᠥᠵᠢᠨ ᠡᠮᠡᠭᠡ ᠳ᠋ᠦ᠍ᠷ ᠮᠥᠷᠭᠥᠵᠦ ᠰᠠᠢᠨ ᠢᠷᠦᠭᠡᠳᠦ ᠶ᠋ᠢ ᠣᠯᠵᠤ ᠳᠠᠷᠤᠢ ᠭᠠᠳᠠᠭᠠᠳᠤ ᠶᠡᠬᠡ ᠠᠷᠰᠯᠠᠨᠲᠤ ᠲᠠᠭᠲᠤ ᠳ᠋ᠤᠷ ᠭᠠᠷᠴᠤ ᠦᠵᠡᠪᠡᠰᠦ᠂ ᠳᠥᠷᠪᠡᠨ ᠰᠡᠴᠡᠳ ᠪᠠᠭᠠᠲᠤᠳ ᠣᠯᠠᠨ ᠰᠠᠢᠳ ᠲᠦᠰᠢᠮᠡᠳ ᠢᠨᠤ ᠡᠭᠦᠯᠡ ᠮᠡᠲᠦ ᠬᠤᠷᠠᠵᠤ ᠂ ᠳ᠋ᠧᠩ ᠵᠤᠯᠠ ᠭᠡᠷᠡᠯ ᠭᠠᠯ ᠳ᠋ᠤᠷ ᠲᠡᠭᠷᠢ ᠭᠠᠵᠠᠷ ᠭᠡᠢᠵᠦᠬᠦᠢ᠃ ᠬᠦᠵᠢ ᠽᠠᠨᠳᠠᠨ ᠠᠷᠴᠢ ᠳ᠋ᠤᠷ ᠬᠥᠮᠦᠨ ᠦ᠌ ᠴᠢᠷᠠᠢ ᠡᠷᠢᠶᠡᠯᠵᠢᠯᠡᠮᠦᠢ᠂ ᠶᠢᠰᠦᠨ ᠡᠬᠡᠰᠢᠭ ᠬᠤᠭᠤᠷ ᠴᠣᠭᠣᠷ ᠬᠣᠯᠠ ᠣᠢᠷ᠎ᠠ ᠪᠠᠷ ᠡᠭᠦᠰᠬᠡᠵᠦ ᠵᠠᠭᠤᠨ ᠲᠦᠮᠡᠨ ᠤᠯᠤᠰ ᠠᠯᠪᠠᠲᠤ ᠠᠨᠤ ᠲᠠᠯ᠎ᠠ ᠭᠠᠵᠠᠷ ᠢ᠋ ᠪᠦᠷᠬᠦᠵᠦᠬᠦᠢ᠃ ᠲᠡᠳᠦᠢ ᠣᠯᠠᠨ ᠲᠦᠰᠢᠮᠡᠳ ᠰᠢᠨ᠎ᠡ ᠵᠢᠯ ᠦ᠋ᠨ ᠶᠣᠰᠣᠭᠠᠷ ᠮᠥᠷᠭᠥᠵᠦ᠂ ᠬᠦᠯᠦᠭ ᠪᠤᠭᠤᠷᠤᠯ ᠡᠢᠨ ᠪᠡᠯᠭᠡᠯᠡᠷᠦᠨ : 
                ᠠᠩᠬᠠᠨ ᠤ᠋ ᠣᠨ ᠬᠠᠭᠤᠴᠢᠷᠠᠨ ᠬᠣᠴᠣᠷᠴᠤ ᠡᠴᠢᠭᠡᠳ  
                ᠠᠰᠢᠭᠲᠤ ᠵᠢᠯ ᠰᠠᠢᠵᠢᠷᠠᠨ ᠬᠦᠷᠴᠦ ᠢᠷᠩᠰᠡᠨ᠎ᠡ᠂ 
                ᠠᠯᠲᠠᠨ ᠥᠩᠭᠡᠲᠦ ᠳᠡᠭᠷᠢᠯᠢᠭ ᠡᠵᠡᠨ ᠮᠢᠨᠦ ᠠ᠋ 
                ᠠᠭᠤᠯᠠ ᠳᠠᠯᠠᠢ ᠶ᠋ᠢᠨ ᠨᠠᠰᠤᠨ ᠪᠤᠶᠠᠨ ᠨᠡᠮᠡᠭᠳᠡᠵᠦ᠂ 
                ᠠᠰᠢᠳᠠ ᠬᠢᠴᠢᠶᠡᠵᠦ ᠵᠣᠪᠠᠨ ᠬᠤᠷᠢᠶᠠᠮᠵᠢᠯᠠᠭᠰᠠᠨ ᠤᠯᠤᠰ ᠤ᠋ᠨ  
                ᠠᠬᠤ ᠲᠦᠰᠢᠮᠡᠳ ᠬᠠᠮᠲᠤ ᠪᠠᠷ ᠴᠢᠭᠤᠯᠤᠨ ᠬᠤᠷᠠᠵᠠᠭᠠᠵᠤ᠂ 
                ᠠᠷᠰᠯᠠᠨᠲᠤ ᠲᠠᠭᠲᠤ ᠳ᠋ᠤᠷ ᠡᠵᠡᠨ ᠴᠢᠮ᠎ᠠ ᠳ᠋ᠤᠷ ᠮᠥᠷᠭᠥᠵᠦ᠂ 
                ᠠᠰᠢᠳᠠ ᠮᠠᠨᠳᠤᠵᠤ ᠮᠢᠩᠭᠠᠨ ᠨᠠᠮᠤᠷ ᠪᠠᠲᠤᠳᠲᠤᠭᠠᠢ !
                ᠠᠰᠠᠷᠠᠯ ᠨᠢᠭᠦᠯᠡᠰᠬᠦᠢ ᠪᠡᠷ ᠠᠪᠴᠤ ᠬᠤᠷᠠᠭᠰᠠᠨ ᠤᠯᠤᠰ  
                ᠠᠯᠢᠪᠠ ᠪᠣᠭᠳᠠ ᠰᠠᠢᠳ ᠲᠦᠰᠢᠮᠡᠳ ᠢ᠋ᠶ᠋ᠡᠷ ᠮᠥᠷᠭᠥᠮᠦᠢ᠃ 
                ᠠᠤᠭ᠎ᠠ ᠡᠵᠡᠨ ᠮᠢᠨᠦ ᠬᠠᠭᠠᠨ ᠰᠠᠭᠤᠷᠢᠨ᠎ᠠ ᠰᠠᠭᠤᠪᠠᠰᠤ 
                ᠠᠯᠤᠰ ᠶᠡᠬᠡ ᠲᠡᠭᠷᠢ ᠭᠠᠵᠠᠷ ᠤ᠋ᠨ ᠰᠠᠨᠠᠭᠠᠨ ᠳ᠋ᠤᠷ ᠨᠡᠢᠴᠡᠭᠡᠳ᠂ 
                ᠠᠯᠲᠠᠨ ᠳᠡᠯᠡᠬᠡᠢ ᠬᠥᠮᠦᠨ ᠠᠮᠢᠲᠠᠨ ᠤ᠋ ᠪᠦᠭᠦᠳᠡ ᠶ᠋ᠢᠨ ᠬᠦᠰᠡᠯ   
                ᠠᠯᠪᠠᠲᠤ ᠤᠯᠤᠰ ᠨᠡᠢᠲᠡ ᠪᠦᠭᠦᠳᠡᠭᠡᠷ ᠪᠠᠬᠠᠳᠤᠨ ᠡᠷᠭᠦᠬᠦ ᠢᠨᠤ᠄ 
                ᠠᠩᠬ᠎ᠠ ᠡᠪᠦᠭᠡᠳ ᠦ᠋ᠨ ᠬᠠᠰ ᠰᠠᠭᠤᠷᠢᠨ ᠳ᠋ᠤᠷ ᠢ᠋ᠶ᠋ᠠᠨ ᠰᠠᠭᠤᠵᠤ ᠬᠠᠢᠷᠠᠯᠠᠭᠠᠳ 
                ᠠᠯᠲᠠᠨ ᠳᠡᠯᠡᠬᠡᠢ ᠶ᠋ᠢ ᠬᠠᠮᠲᠤ ᠪᠠᠷ ᠠᠮᠤᠭᠤᠯᠤᠨ ᠴᠡᠩᠭᠡᠲᠦᠭᠡᠢ ! 
ᠭᠡᠮᠡᠨ ᠪᠡᠯᠭᠡᠯᠡᠨ ᠮᠥᠷᠭᠥᠵᠦ ᠪᠠᠷᠠᠭᠰᠠᠨ ᠳ᠋ᠤᠷ ᠲᠠᠢᠽᠦ ᠬᠠᠷᠢᠭᠤ ᠠᠷᠢᠬᠢ ᠬᠢᠵᠦ ᠳᠥᠷᠪᠡᠨ ᠳᠡᠭᠦᠦ ᠳᠥᠷᠪᠡᠨ ᠬᠥᠪᠡᠭᠦᠨ ᠳᠥᠷᠪᠡᠨ ᠬᠦᠯᠦᠭ ᠶᠢᠰᠦᠨ ᠡᠩ᠂ ᠣᠯᠠᠨ ᠠᠢᠮᠠᠭ ᠤ᠋ᠨ ᠡᠵᠡᠳ ᠲᠣᠷ ᠬᠠᠷᠢᠭᠤ ᠰᠠᠷᠬᠤᠳ ᠬᠦᠷᠲᠡᠭᠡᠵᠦ᠂ ᠥᠪᠡᠷ ᠢ᠋ᠶ᠋ᠡᠨ ᠶᠡᠬᠡ ᠳᠠᠭᠤᠨ ᠢ᠋ᠶ᠋ᠠᠷ ᠪᠡᠯᠡᠭᠡᠯᠡᠵᠦ ᠵᠠᠬᠢᠷᠤᠨ᠄ 
                ᠤᠷᠢᠳᠤ ᠵᠢᠯ ᠣᠯᠭᠣᠮ᠎ᠠ ᠥᠩᠭᠡᠷᠡᠵᠦ ᠡᠴᠢᠭᠡᠳ 
                ᠤᠴᠢᠷᠲᠤ ᠣᠨ ᠣᠷᠣᠨ ᠬᠦᠷᠴᠦ ᠢᠷᠩᠰᠡᠨ᠎ᠡ᠂ 
                ᠣᠯᠠᠨ ᠲᠦᠰᠢᠮᠡᠳ ᠤᠷᠲᠤᠳᠠ ᠪᠡᠶᠡᠰᠦᠨ ᠵᠢᠷᠭᠠᠯᠳᠤᠵᠤ  
                ᠤᠯᠤᠰ ᠲᠥᠷᠥ ᠶ᠋ᠢ ᠬᠠᠮᠲᠤ ᠪᠠᠷ ᠵᠠᠰᠠᠵᠤ ᠠᠮᠤᠭᠤᠯᠪᠠᠢ᠃   
                ᠤᠷᠢᠳᠤᠰ ᠬᠡᠳᠦᠢ ᠬᠠᠭᠠᠨ ᠰᠠᠭᠤᠭᠰᠠᠨ ᠪᠣᠯᠪᠠᠴᠤ    
                ᠣᠶᠤᠨ ᠭᠦᠶᠦᠭᠡᠨ ᠪᠢ ᠦᠯᠦ ᠲᠠᠡᠩᠴᠡᠮᠦᠢ᠃ 
                ᠤᠴᠢᠷ ᠦᠭᠡᠢ ᠡᠷᠬᠢᠮ ᠨᠡᠷ᠎ᠡ ᠶ᠋ᠢ ᠡᠷᠭᠦᠬᠦ ᠡᠴᠡ 
                ᠤᠷᠲᠤᠳᠠ ᠪᠦᠭᠦᠳᠡᠭᠡᠷ ᠡᠩᠬᠡ ᠠᠮᠤᠭᠤᠯᠠᠩ ᠢ᠋ ᠡᠷᠢᠰᠦᠭᠡᠢ ᠬᠡᠮᠡᠪᠡ᠃ 
       ᠲᠡᠳᠦᠢ ᠵᠠᠭᠤᠨ ᠲᠦᠰᠢᠮᠡᠳ ᠳᠠᠬᠢᠨ ᠬᠡᠰᠢᠭ ᠲᠣᠷ ᠮᠥᠷᠭᠥᠵᠦ᠂ ᠶᠡᠬᠡ ᠬᠤᠷᠢᠮ ᠳ᠋ᠤᠷ ᠬᠦᠷᠲᠡᠵᠦ᠂ ᠨᠠᠷᠠᠨ ᠮᠠᠨᠳᠤᠵᠤ ᠬᠥᠭᠵᠢᠮ ᠡᠭᠦᠰᠬᠡᠨ ᠲᠠᠢᠽᠦ ᠣᠷᠳᠣᠨ ᠳ᠋ᠤᠷ ᠪᠠᠭᠤᠪᠠ᠃ ᠣᠯᠠᠨ ᠲᠦᠰᠢᠮᠡᠳ ᠲᠠᠷᠬᠠᠯᠴᠠᠵᠤ ᠭᠡᠷ ᠭᠡᠷ ᠲᠡᠭᠡᠨ ᠶᠣᠰᠣᠯᠠᠯᠴᠠᠷ᠎ᠠ ᠡᠴᠢᠪᠡ᠃ ᠲᠠᠢᠽᠦ ᠳᠣᠲᠣᠷ᠎ᠠ ᠣᠷᠣᠵᠤ ᠡᠴᠢᠲᠡᠯ᠎ᠡ ᠵᠦᠰᠦᠨ ᠬᠠᠲᠤᠨ ᠳᠣᠲᠣᠭᠠᠳᠤ ᠣᠷᠳᠣᠨ ᠤ᠋ ᠣᠯᠠᠨ ᠢ᠋ ᠠᠪᠴᠤ ᠲᠠᠢᠽᠦ ᠯᠤᠭ᠎ᠠ ᠬᠠᠷᠢᠯᠴᠠᠨ ᠭᠬᠢᠪ ᠰᠣᠯᠢᠯᠴᠠᠵᠤ ᠮᠡᠬᠦᠰᠬᠢᠨ ᠶᠣᠰᠣᠯᠠᠭᠠᠳ ᠡᠰᠡᠷᠭᠦᠯᠡᠨ ᠰᠠᠭᠤᠪᠠ᠃ ᠵᠡᠭᠦᠨ ᠪᠠᠷᠠᠭᠤᠨ ᠲᠥᠷᠥ ᠶ᠋ᠢᠨ ᠬᠠᠲᠤᠨ ᠨᠠᠷ ᠰᠢᠨ᠎ᠡ ᠵᠢᠯ ᠦ᠋ᠨ ᠶᠣᠰᠣᠨ ᠢ᠋ᠶ᠋ᠠᠷ ᠮᠥᠷᠭᠥᠵᠦ ᠶᠣᠰᠣᠯᠠᠪᠠ᠃ 
       ᠲᠡᠳᠦᠢ ᠳᠣᠲᠣᠷ᠎ᠠ ᠣᠷᠳᠣᠨ ᠤ᠋ ᠦᠵᠢᠨ ᠡᠮᠡᠭᠡ ᠶ᠋ᠢᠨ ᠴᠠᠪ ᠢ᠋ ᠡᠷᠭᠦᠵᠦ᠂ ᠲᠠᠢᠽᠦ ᠬᠠᠲᠤᠨ ᠬᠣᠶᠠᠭᠤᠯᠠ ᠶᠡᠬᠡ ᠬᠤᠷᠢᠮ ᠳ᠋ᠤᠷ ᠰᠠᠭᠤᠵᠤ ᠳᠥᠷᠪᠡᠨ ᠬᠥᠪᠡᠭᠦᠨ ᠠᠷᠢᠬᠢ ᠪᠠᠷᠢᠪᠠ᠃ ᠰᠡᠴᠡᠨ ᠰᠡᠴᠢᠭᠯᠢᠭ ᠠᠪᠠᠬᠠᠢ ᠶ᠋ᠢ ᠥᠬᠢᠨ ᠬᠥᠮᠦᠨ ᠬᠡᠮᠡᠵᠦ ᠬᠠᠮᠲᠤ ᠰᠠᠭᠤᠪᠠ᠃ ᠣᠯᠠᠨ ᠲᠦᠰᠢᠮᠡᠳ ᠥᠵᠢᠨ ᠡᠮᠡᠭᠡ᠂ ᠵᠦᠰᠦᠨ ᠬᠠᠲᠤᠨ ᠨᠠᠷ ᠲᠤᠷ ᠮᠥᠷᠭᠥᠵᠦ᠂ ᠲᠡᠳᠡᠭᠡᠷ ᠲᠥᠷᠥ ᠶ᠋ᠢᠨ ᠬᠠᠲᠤᠳ ᠪᠠᠭ᠎ᠠ ᠡᠵᠡᠳ ᠲᠣᠷ ᠶᠣᠰᠣᠯᠠᠭᠰᠠᠨ ᠤ᠋ ᠬᠣᠢᠨ᠎ᠠ᠂ ᠲᠠᠢᠽᠦ ᠶᠡᠬᠡ ᠬᠤᠷᠢᠮ ᠬᠠᠢᠷᠠᠯᠠᠪᠠ᠃ ᠬᠣᠢᠲᠤ ᠭᠠᠵᠠᠷ ᠨᠡᠢᠭᠡᠮ ᠡᠩᠬᠡ ᠪᠣᠯᠤᠭᠰᠠᠨ ᠳ᠋ᠤᠷ ᠪᠧᠲ᠋ᠠ᠋ ᠤᠯᠤᠰ ᠠᠮᠤᠷ ᠵᠢᠷᠭᠠᠯ ᠲᠠᠢ ᠲᠤᠯᠠ ᠡᠨᠡ ᠵᠢᠯ ᠦ᠋ᠨ ᠬᠥᠷ ᠨᠠᠢᠷ ᠪᠠᠶᠠᠷ ᠴᠡᠩᠭᠡᠯ ᠢ᠋ᠶ᠋ᠡᠷ ᠪᠢᠯᠬᠠᠷᠠᠵᠤ᠂ ᠱᠠᠭ᠎ᠠ ᠴᠣᠬᠢᠵᠤ᠂ ᠳᠠᠪᠠᠭ ᠢᠰᠬᠦᠯᠵᠦ᠂ ᠨᠡᠩ ᠶᠡᠬᠡ ᠲᠥᠷᠥ ᠳ᠋ᠦᠷ ᠮᠠᠭᠰᠢᠯᠭ᠎ᠠ ᠮᠠᠭᠰᠢᠬᠤ᠂ ᠪᠥᠬᠡ ᠪᠠᠷᠢᠯᠳᠤᠬᠤ᠂ ᠮᠣᠷᠢ ᠣᠷᠣᠯᠳᠣᠬᠤ ᠵᠡᠷᠭᠡ ᠪᠡᠷ ᠣᠯᠠᠨ ᠲᠦᠰᠢᠮᠡᠳ ᠢ᠋ ᠬᠤᠷᠢᠮᠯᠠᠨ ᠴᠠᠭᠠᠨ ᠰᠠᠷ᠎ᠠ ᠶ᠋ᠢ ᠲᠡᠭᠦᠰᠬᠡᠵᠦ᠂ ᠵᠢᠴᠢ ᠨᠠᠷᠠᠨ ᠬᠠᠭᠠᠨ ᠤ᠋ ᠬᠣᠶᠠᠷ ᠠᠪᠠᠬᠠᠢ ᠶ᠋ᠢ ᠪᠤᠭᠤᠷᠤᠯ ᠤ᠋ᠨ ᠬᠥᠪᠡᠭᠦᠨ ᠳ᠋ᠦ᠍ᠷ ᠪᠠᠭᠤᠯᠭᠠᠨ ᠠᠪᠴᠤ ᠪᠤᠭᠤᠷᠵᠢ ᠶ᠋ᠢᠨ ᠶᠡᠬᠡ ᠥᠬᠢᠨ ᠢ᠋ ᠨᠠᠷᠠᠨ ᠬᠠᠭᠠᠨ ᠤ᠋ ᠬᠥᠪᠡᠭᠦᠨ ᠳ᠋ᠦ᠍ᠷ ᠪᠡᠯᠡᠭ ᠲᠠᠯᠪᠢᠵᠤ ᠲᠣᠭᠲᠠᠭᠠᠳ ᠨᠠᠷᠠᠨ ᠬᠠᠭᠠᠨ ᠢ᠋ ᠰᠠᠢᠬᠠᠨ ᠡᠮ᠎ᠡ ᠰᠠᠢᠬᠠᠨ ᠬᠦᠷᠢ ᠬᠣᠶᠠᠭᠤᠯᠠ ᠶ᠋ᠢ ᠭᠡᠷ ᠦ᠋ᠨ ᠪᠦᠬᠦᠨ ᠢ᠋ᠶ᠋ᠡᠷ ᠢ᠋ ᠬᠠᠷ᠎ᠠ ᠬᠢᠭᠦᠯ ᠦ᠋ᠨ ᠬᠠᠷᠠᠭᠤᠯ ᠳ᠋ᠤᠷ ᠲᠠᠪᠢᠨ ᠡᠷᠦᠬᠡ ᠭᠡᠷ ᠥᠭᠴᠦ ᠢᠯᠡᠭᠡᠬᠦᠢ ᠳ᠋ᠦ᠍ᠷ ᠨᠠᠷᠠᠨ ᠬᠠᠭᠠᠨ ᠠᠮᠢ ᠭᠡᠯᠳᠦᠷᠢᠭᠰᠡᠨ ᠬᠡᠰᠢᠭ ᠢ᠋ ᠡᠭᠦᠷᠢᠳᠡ ᠰᠢᠲᠦᠨ ᠳᠠᠷᠤᠢ ᠲᠣᠬᠢᠶᠠᠯᠲᠤ ᠭᠠᠵᠠᠷ ᠬᠠᠷ᠎ᠠ ᠬᠢᠭᠦᠯ ᠦ᠋ᠨ ᠳᠠᠪᠠᠭᠠᠨ ᠤ᠋ ᠰᠡᠷᠭᠡᠢᠯᠡᠯ ᠳ᠋ᠦ᠍ᠷ ᠡᠴᠢᠪᠡ᠃ 
       ᠲᠡᠳᠦᠢ ᠬᠡᠷᠡᠢᠳ ᠦ᠋ᠨ ᠾᠧ ᠸᠠᠩ ᠤ᠋ᠨ ᠡᠮ᠎ᠡ ᠨᠠᠷᠠᠨ ᠲᠤᠶᠠᠭ᠎ᠠ ᠬᠡᠳᠦᠢ ᠥᠬᠢᠨ ᠢ᠋ᠶ᠋ᠡᠨ ᠥᠭᠭᠦᠭᠰᠡᠨ ᠪᠣᠯᠪᠠᠴᠤ ᠬᠥᠪᠡᠭᠦᠨ ᠳ᠋ᠡᠭᠡᠨ ᠪᠡᠷᠢ ᠠᠪᠤᠭᠰᠠᠨ ᠲᠤᠯᠠ ᠮᠥᠨ ᠮᠠᠰᠢ ᠪᠠᠶᠠᠷᠲᠠᠢ᠃ ᠡᠨᠡ ᠨᠠᠢ᠍ᠮᠠᠨ ᠤ᠋ ᠠᠯᠲᠠᠨᠱᠠᠭ᠎ᠠ ᠶ᠋ᠢᠨ ᠬᠡᠦᠬᠡᠨ ᠳᠡᠭᠦᠦ ᠬᠠᠰ ᠲᠤᠶᠠᠭ᠎ᠠ ᠶ᠋ᠢᠨ ᠲᠥᠷᠥᠭᠰᠡᠨ ᠢᠨᠤ ᠬᠡᠲᠦᠷᠬᠡᠢ ᠠᠷᠢᠭᠤᠨ ᠴᠡᠪᠡᠷ ᠬᠡᠭᠡᠨᠴᠢᠷ ᠦᠵᠡᠰᠬᠦᠯᠡᠩ ᠪᠥᠭᠡᠳ ᠰᠡᠴᠡᠨ ᠰᠡᠷᠭᠦᠯᠡᠩ ᠨᠠᠮ ᠳᠥᠯᠭᠡᠨ᠂ ᠪᠢᠴᠢᠬᠠᠨ ᠨᠠᠰᠤᠨ ᠤ᠋ ᠨᠥᠬᠥᠷ ᠡᠮ᠎ᠡ ᠬᠡᠲᠦᠷᠬᠡᠶ᠎ᠡ ᠠᠮᠠᠷᠠᠭ ᠵᠢᠴᠢ ᠠᠯᠲᠠᠨᠱᠠᠭ᠎ᠠ᠂ ᠰᠣᠯᠤᠩᠭᠤᠸ᠎ᠠ ᠨᠥᠬᠥᠷ ᠡᠮ᠎ᠡ ᠬᠣᠶᠠᠭᠤᠯᠠ ᠶᠡᠬᠡ ᠵᠣᠪᠠᠯᠠᠩ ᠤ᠋ᠨ ᠬᠣᠢᠨ᠎ᠠ ᠶᠡᠬᠡ ᠠᠪᠤᠷᠠᠯ ᠢ᠋ᠶ᠋ᠠᠷ ᠠᠮᠢᠨ ᠬᠡᠯᠲᠦᠷᠢᠭᠰᠡᠨ ᠢ᠋ᠶ᠋ᠡᠷ ᠦᠯᠦ ᠪᠠᠷᠠᠨ᠂ ᠤᠯᠤᠰ ᠢ᠋ᠶ᠋ᠠᠨ ᠣᠯᠵᠤ ᠪᠠᠰᠠ ᠨᠥᠬᠥᠷ ᠡᠮ᠎ᠡ ᠯᠦ᠋ᠭᠡ ᠪᠡᠷ ᠤᠴᠠᠷᠠᠯᠳᠤᠭᠰᠠᠨ ᠢ᠋ ᠶᠠᠭᠤᠨ ᠥᠭᠦᠯᠡᠬᠦ ? ᠲᠡᠳᠦᠢ ᠬᠣᠶᠠᠷ ᠡᠲᠡᠭᠡᠳ ᠦ᠋ᠨ ᠥᠬᠢᠳ ᠬᠦᠷᠭᠡᠳ ᠬᠠᠮᠲᠤ ᠪᠠᠷ ᠪᠠᠯᠭᠤ ᠬᠣᠷᠣᠭᠠᠨ᠎ᠠ ᠢᠷᠡᠵᠦ᠂ ᠲᠠᠢᠽᠦ ᠳ᠋ᠦ᠍ᠷ ᠰᠢᠨ᠎ᠡ ᠵᠢᠯ ᠦ᠋ᠨ ᠶᠣᠰᠣᠭᠠᠷ ᠮᠥᠷᠭᠥᠬᠦᠢ ᠳ᠋ᠦ᠍ᠷ ᠪᠠᠰᠠ ᠬᠣᠶᠠᠷ ᠬᠣᠣᠰ ᠬᠥᠮᠦᠨ ᠢᠷᠡᠪᠡ᠃ ᠦᠵᠡᠪᠡᠰᠦ᠂ ᠪᠦᠬᠦ ᠪᠡᠯᠭᠦᠳᠡᠢ ᠶ᠋ᠢᠨ ᠰᠢᠯ ᠬᠠᠲᠤᠨ᠂ ᠰᠠᠢᠬᠠᠨ ᠰᠤᠷᠲᠠᠯᠲᠤ ᠶ᠋ᠢᠨ ᠡᠮ᠎ᠡ ᠬᠣᠩᠭᠣᠷ ᠵᠤᠯᠠ ᠴᠥᠮ ᠢ᠋ᠶ᠋ᠡᠷ ᠵᠦᠰᠦᠨ ᠬᠠᠲᠤᠨ ᠳ᠋ᠤᠷ ᠵᠣᠯᠭᠠᠨ ᠮᠥᠷᠭᠥᠬᠦᠢ ᠳ᠋ᠦ᠍ᠷ ᠵᠦᠰᠦᠨ ᠬᠠᠲᠤᠨ ᠳᠥᠷᠪᠡᠨ ᠰᠠᠢᠬᠠᠨ ᠬᠠᠲᠤᠳ ᠢ᠋ ᠦᠵᠡᠭᠡᠳ ᠨᠢᠳᠦ ᠰᠢᠨᠡᠷᠬᠡᠵᠦ ᠰᠡᠳᠬᠢᠯ ᠪᠠᠶᠠᠰᠤᠭᠠᠳ ᠴᠥᠮ ᠳᠡᠷᠭᠡᠳᠡ ᠪᠡᠨ ᠬᠤᠷᠢᠮ ᠬᠠᠢᠷᠠᠯᠠᠵᠤ ᠬᠡᠰᠢᠭ ᠬᠦᠷᠲᠡᠭᠡᠬᠦᠶ᠎ᠡ᠂ ᠳᠠᠭᠠᠯᠳᠤᠭ᠎ᠠ ᠪᠠᠰᠠ ᠲᠠᠪᠤᠨ ᠰᠠᠢᠬᠠᠨ ᠪᠡᠷᠢᠶᠡᠳ ᠮᠥᠷᠭᠥᠷ᠎ᠡ ᠢᠷᠡᠪᠡ᠃ ᠦᠵᠡᠪᠡᠰᠦ ᠄ ᠨᠢᠭᠡᠨ ᠢᠨᠤ ᠪᠤᠭᠤᠷᠤᠯ ᠤ᠋ᠨ ᠪᠡᠷᠢ ᠲᠣᠭᠮᠤᠭ ᠤ᠋ᠨ ᠮᠡᠬᠡᠲᠦ ᠬᠠᠭᠠᠨ ᠤ᠋ ᠶᠡᠬᠡ ᠥᠬᠢᠨ ᠢᠬᠡᠷ᠂ ᠨᠢᠭᠡᠨ ᠢᠨᠤ ᠡᠭᠦᠯᠡᠨ ᠴᠡᠷᠪᠢ ᠶ᠋ᠢᠨ ᠪᠡᠷᠢ ᠮᠡᠬᠡᠲᠦ ᠬᠠᠭᠠᠨ ᠤ᠋ ᠬᠣᠶᠠᠳᠤᠭᠠᠷ ᠥᠬᠢᠨ᠂ ᠨᠢᠭᠡᠨ ᠢᠨᠤ ᠬᠦᠯᠦᠭ ᠪᠤᠭᠤᠷᠤᠯ ᠤ᠋ᠨ ᠬᠣᠶᠠᠷ ᠪᠡᠷᠢ᠂ ᠭᠣᠷᠯᠣᠰ ᠤ᠋ᠨ ᠨᠠᠷᠠᠨ ᠬᠠᠭᠠᠨ ᠤ᠋ ᠬᠣᠶᠠᠷ ᠥᠬᠢᠨ ᠯᠢᠩᠬᠤ᠎ᠠ᠂ ᠮᠠᠨᠳᠠᠷᠠᠸ᠎ᠠ᠂ ᠬᠦᠯᠦᠭ ᠴᠢᠯᠠᠭᠤᠨ ᠤ᠋ ᠶᠡᠬᠡ ᠪᠡᠷᠢ ᠰᠠᠷᠯᠠᠭ ᠤ᠋ᠨ ᠵᠠᠯᠢᠲᠤ ᠬᠠᠭᠠᠨ ᠤ᠋ ᠭᠠᠭᠴᠠ ᠥᠬᠢᠨ ᠰᠤᠪᠤᠳᠯᠢᠭ᠂ ᠡᠨᠡ ᠶᠢᠰᠦᠨ ᠬᠥᠮᠦᠨ ᠢ᠋ ᠬᠠᠮᠲᠤ ᠴᠢᠭᠤᠯᠤᠭᠰᠠᠨ ᠳ᠋ᠤᠷ ᠵᠦᠰᠦᠨ ᠬᠠᠲᠤᠨ ᠤ᠋ ᠨᠢᠳᠦᠨ ᠭᠡᠢᠵᠦ ᠪᠡᠶᠡᠰᠦᠨ ᠥᠭᠦᠯᠡᠷᠦᠨ ᠄《 ᠡᠨᠡ ᠶᠢᠰᠦᠨ ᠰᠡᠴᠡᠨ ᠦᠵᠡᠰᠬᠦᠯᠡᠩ ᠴᠥᠮ ᠮᠠᠨ ᠤ᠋ ᠬᠣᠢᠲᠤ ᠭᠠᠵᠠᠷ ᠲᠥᠷᠥᠭᠰᠡᠨ ᠪᠥᠭᠡᠳ ᠡᠮᠦᠨ᠎ᠡ ᠠᠯᠲᠠᠨ ᠤᠯᠤᠰ ᠤ᠋ᠨ ᠨᠡᠷᠡᠲᠦ ᠦᠵᠡᠰᠬᠦᠯᠡᠩ ᠭᠡᠮᠡᠨ ᠡᠭᠦᠨ ᠡᠴᠡ ᠡᠰᠡ ᠬᠡᠲᠦᠷᠡᠪᠡ᠂ ᠡᠨᠡ ᠮᠥᠨ ᠨᠠᠮᠠᠶ᠋ᠢ ᠳᠠᠭᠠᠵᠤ ᠲᠥᠷᠥᠭᠰᠡᠨ ᠪᠣᠯᠠᠢ᠃ ᠮᠢᠨᠦ ᠡᠨᠡ ᠶᠢᠰᠦᠨ ᠰᠡᠴᠡᠨ ᠦᠵᠡᠰᠬᠦᠯᠡᠩ ᠡᠬᠡᠨᠡᠷ ᠰᠠᠢᠳ !》 ᠭᠡᠮᠡᠨ ᠬᠣᠱᠣᠩ ᠦᠭᠡ ᠥᠭᠦᠯᠡᠭᠰᠡᠨ ᠳ᠋ᠦ᠍ᠷ ᠶᠢᠰᠦᠭᠦᠯᠡ ᠶᠡᠬᠡᠯ᠎ᠡ ᠪᠠᠶᠠᠷᠯᠠᠵᠤ ᠮᠥᠷᠭᠥᠪᠡ᠃ ᠲᠡᠳᠦᠢ ᠡᠭᠦᠨ ᠡᠴᠡ ᠰᠡᠳᠦᠪ ᠪᠣᠯᠵᠤ ᠪᠤᠰᠤᠳ ᠤ᠋ᠨ ᠪᠡᠷᠢᠶᠡᠳ ᠢ᠋ ᠦᠵᠡᠭᠰᠡᠭᠡᠷ ᠥᠪᠡᠷ ᠦ᠋ᠨ ᠪᠡᠷᠢ ᠰᠢᠯᠭᠠᠬᠤ ᠶ᠋ᠢ ᠰᠠᠨᠠᠭᠠᠯᠵᠠᠵᠤ᠂ ᠲᠠᠢᠽᠦ ᠳ᠋ᠦ᠍ᠷ ᠮᠡᠳᠡᠭᠦᠯᠵᠦ᠂ ᠲᠣᠷᠭᠠᠨ ᠰᠢᠷ᠎ᠠ ᠳᠥᠷᠪᠡᠨ ᠬᠦᠯᠦᠭ᠂ ᠵᠢᠷᠭᠤᠭᠠᠨ ᠰᠠᠢᠳ ᠶᠢᠰᠦᠨ ᠡᠩ ᠦ᠋ᠨ ᠥᠬᠢᠳ ᠬᠡᠦᠬᠡᠳ ᠡᠴᠡ ᠪᠡᠷᠢ ᠰᠢᠯᠭᠠᠵᠤ᠂ ᠬᠦᠷᠭᠡᠨ ᠰᠣᠩᠭᠣᠮᠤᠢ ᠭᠡᠮᠡᠨ ᠵᠠᠷᠯᠠᠭᠰᠠᠨ ᠳ᠋ᠤᠷ ᠳᠥᠷᠪᠡᠨ ᠬᠦᠯᠦᠭ᠂ ᠣᠯᠠᠨ ᠲᠦᠰᠢᠮᠡᠳ ᠶᠡᠬᠡᠯ᠎ᠡ ᠪᠠᠶᠠᠷᠯᠠᠨ᠂ ᠲᠡᠳᠦᠢ ᠭᠣᠷᠯᠣᠰ ᠤ᠋ᠨ ᠨᠠᠷᠠᠨ ᠰᠠᠢᠳ ᠶᠠᠯ᠎ᠠ ᠦᠬᠦᠯ ᠡᠴᠡ ᠪᠡᠨ ᠭᠡᠲᠦᠯᠦᠭᠡᠳ ᠥᠪᠡᠷ ᠦ᠋ᠨ ᠤᠯᠤᠰ ᠠ᠋ᠴᠠ ᠪᠠᠨ ᠭᠡᠷ ᠦ᠋ᠨ ᠪᠦᠬᠦᠨ ᠢ᠋ᠶ᠋ᠡᠨ ᠠᠪᠴᠢᠷᠠᠵᠤ ᠥᠨᠥ ᠭᠠᠵᠠᠷ᠎ᠠ ᠰᠠᠭᠤᠵᠤ ᠪᠠᠢᠲᠠᠯ᠎ᠠ ᠨᠠᠷᠠᠨ ᠬᠠᠭᠠᠨ ᠡᠨᠡ ᠰᠠᠢᠬᠠᠨ ᠬᠦᠷᠢ ᠬᠠᠲᠤᠨ ᠢ᠋ᠶ᠋ᠠᠨ ᠠᠩᠬ᠎ᠠ ᠪᠧᠲ᠋ᠠ᠋ ᠤᠯᠤᠰ ᠯᠤᠭ᠎ᠠ ᠪᠠᠢᠯᠳᠤᠬᠤ ᠶ᠋ᠢᠨ ᠦᠶ᠎ᠡ ᠳ᠋ᠦ᠍ᠷ ᠨᠠᠢ᠍ᠮᠠᠨ ᠤ᠋ ᠠᠯᠲᠠᠨᠱᠠᠭ᠎ᠠ ᠯᠤᠭ᠎ᠠ ᠨᠡᠢᠯᠡᠪᠡ ᠭᠡᠮᠡᠨ ᠰᠣᠨᠣᠰᠤᠭᠠᠳ ᠭᠡᠨᠡᠳᠲᠡ ᠶᠡᠬᠡᠯ᠎ᠡ ᠠᠭᠤᠷ ᠲᠥᠷᠥᠵᠦ ᠰᠠᠢᠬᠠᠨ ᠬᠦᠷᠢ ᠶ᠋ᠢ ᠵᠢᠷᠤᠮ ᠦᠭᠡᠢ ᠬᠤᠶᠠᠯᠢ ᠪᠤᠵᠠᠷ ᠪᠣᠭᠣᠯ ᠭᠡᠮᠡᠨ ᠵᠠᠨᠴᠢᠵᠤ ᠠᠯᠠᠬᠤᠶ᠎ᠠ ᠵᠠᠪᠳᠤᠬᠤᠢ ᠳ᠋ᠤᠷ ᠰᠠᠢᠬᠠᠨ ᠬᠦᠷᠢ ᠴᠡᠷᠢᠭ ᠦ᠋ᠨ ᠡᠷᠳᠡᠮ ᠮᠠᠰᠢ ᠰᠠᠢᠨ ᠲᠤᠯᠠ ᠶᠠᠭᠠᠷᠠᠨ ᠬᠣᠭᠣᠰᠣᠨ ᠭᠠᠷ ᠢ᠋ᠶ᠋ᠠᠷ ᠲᠡᠭᠦᠨ ᠦ᠌ ᠢᠯᠳᠦ ᠶ᠋ᠢ ᠵᠠᠢᠯᠠᠭᠤᠯᠵᠤ ᠳᠤᠲᠠᠭᠠᠨ ᠨᠢᠭᠡᠨ ᠠᠢᠷᠠᠭ ᠤ᠋ᠨ ᠪᠦᠯᠢᠭᠦᠷ ᠢ᠋ ᠣᠯᠵᠤ ᠢᠯᠳᠦᠨ ᠢ᠋ ᠳᠤᠰᠤᠭᠰᠠᠭᠠᠷ᠂ ᠠᠭᠲᠠ ᠶ᠋ᠢᠨ ᠬᠦᠷᠢᠶ᠎ᠡ ᠳ᠋ᠦ᠍ᠷ ᠢᠷᠡᠵᠦ ᠵᠠᠢᠳᠠᠩ ᠮᠣᠷᠢᠨ ᠤ᠋ ᠳᠡᠯ ᠢ᠋ ᠰᠢᠭᠦᠷᠡᠨ ᠠᠳᠬᠤᠵᠤ ᠤᠨᠤᠨ ᠳᠣᠪᠲᠣᠯᠵᠤ ᠭᠠᠷᠤᠭᠠᠳ ᠳᠣᠲᠣᠷ᠎ᠠ ᠪᠤᠬᠢᠨᠢᠳᠤᠵᠤ ᠰᠡᠳᠬᠢᠷᠦᠨ᠄《ᠪᠢ ᠦᠨᠡᠨ ᠳ᠋ᠦ᠍ᠷ ᠠᠯᠲᠠᠨᠱᠠᠭ᠎ᠠ ᠶ᠋ᠢ ᠬᠠᠭᠠᠭᠰᠠᠨ ᠪᠣᠢ ‍ᠶ᠎ᠠ᠂ ᠮᠠᠭᠤ ᠦᠭᠡᠢ ᠪᠥᠭᠡᠳ ᠲᠡᠭᠦᠨ ᠯᠦ᠋ᠭᠡ ᠬᠠᠮᠲᠤ ᠪᠠᠷᠢᠭᠳᠠᠵᠤ ᠬᠣᠷᠢᠭᠳᠠᠭᠰᠠᠨ ᠵᠣᠪᠠᠯᠠᠩ ᠢ᠋ ᠬᠠᠲᠠᠭᠤᠵᠢᠨ ᠠᠲᠠᠯ᠎ᠠ ᠲᠡᠷᠡ ᠬᠠᠷᠢᠨ ᠡᠳᠦᠭᠡ ᠵᠢᠷᠭᠠᠯ ᠢ᠋ ᠣᠯᠤᠭᠠᠳ ᠥᠪᠡᠷ᠎ᠡ ᠡᠮᠡᠰ ᠲᠣᠷ ᠢ᠋ᠶ᠋ᠠᠨ ᠤᠴᠠᠷᠠᠭᠠᠳ ᠨᠠᠮᠠᠶ᠋ᠢ ᠠᠰᠠᠭᠤᠯ ᠦᠭᠡᠢ ᠬᠢᠯᠢᠰ ᠠᠯᠠᠰᠤᠭᠠᠢ ᠬᠡᠮᠡᠬᠦ ᠢᠨᠤ ᠦᠨᠡᠬᠡᠷ ᠬᠣᠷᠣᠰᠤᠯᠲᠠᠢ᠂ ᠨᠢᠭᠡᠨᠲᠡ ᠡᠢᠮᠦ ᠪᠣᠯᠤᠭᠰᠠᠨ ᠲᠤᠯᠠ ᠪᠢ ᠳᠠᠬᠢᠨ ᠡᠴᠢᠵᠦ ᠴᠢᠮ᠎ᠠ ᠯᠤᠭ᠎ᠠ ᠬᠠᠷᠠᠬᠠᠨ ᠨᠢᠭᠡᠨ ᠨᠠᠰᠤᠨ ᠳ᠋ᠤᠷ ᠬᠠᠮᠲᠤ ᠠᠮᠢᠳᠤᠷᠠᠬᠤᠢ ᠳ᠋ᠤᠷ ᠲᠦᠭᠰᠢᠯᠲᠡᠢ᠃ ᠳᠠᠷᠤᠢ ᠡᠨᠡ ᠮᠠᠭᠤ ᠨᠡᠷ᠎ᠡ ᠲᠡᠢ ᠪᠣᠯᠤᠭᠰᠠᠨ ᠲᠠᠰᠢᠷᠠᠮ ᠳ᠋ᠤᠷ ᠡᠨᠡ ᠨᠡᠷ᠎ᠡ ᠶ᠋ᠢ ᠭᠦᠢᠴᠡᠳᠬᠡᠰᠦᠭᠡᠢ ᠭᠡᠮᠡᠨ ᠨᠠᠢ᠍ᠮᠠᠨ ᠤ᠋ ᠠᠯᠲᠠᠨᠱᠠᠭ᠎ᠠ ᠳ᠋ᠤᠷ ᠭᠠᠷᠬᠤ ᠶ᠋ᠢ ᠬᠦᠷᠬᠦ ᠦᠭᠡᠢ᠂ ᠭᠠᠭᠴᠠ ᠲᠡᠷᠡ ᠥᠨᠥᠬᠡᠨ ᠾᠧ ᠸᠠᠩ ᠤ᠋ᠨ ᠥᠬᠢᠨ ᠰᠣᠯᠤᠩᠭᠤᠸ᠎ᠠ ᠶ᠋ᠢ ᠠᠪᠤᠭᠰᠠᠨ ᠲᠤᠯᠠ ᠨᠠᠮᠠᠶ᠋ᠢ ᠶᠠᠭᠤᠨᠠᠢ ᠠᠪᠬᠤ ᠠᠵᠢ !》 ᠭᠡᠮᠡᠨ ᠪᠣᠳᠣᠭᠰᠠᠭᠠᠷ᠂ ᠭᠡᠨᠡᠳᠲᠡ ᠨᠢᠭᠡᠨ ᠠᠷᠭ᠎ᠠ ᠣᠯᠵᠤ ᠳᠠᠷᠤᠢ ᠳᠣᠪᠲᠣᠯᠤᠨ ᠪᠠᠯᠭᠤ ᠬᠣᠷᠣᠭᠠᠨ᠎ᠠ ᠢᠷᠡᠵᠦ ᠪᠤᠭᠤᠷᠤᠯ ᠤ᠋ᠨ ᠭᠡᠷ ᠲᠦ᠍ ᠣᠷᠣᠵᠤ᠂ ᠪᠤᠭᠤᠷᠤᠯ ᠤ᠋ᠨ ᠬᠣᠶᠠᠷ ᠬᠥᠪᠡᠭᠦᠨ ᠪᠤᠳᠣᠯᠠᠩ᠂ ᠤᠬᠠᠭᠠᠨᠲᠤ ᠳ᠋ᠤᠷ ᠤᠴᠠᠷᠠᠵᠤ ᠲᠡᠭᠦᠨ ᠦ᠌ ᠡᠷ᠎ᠡ ᠶ᠋ᠢᠨ ᠤᠴᠢᠷ ᠢ᠋ᠶ᠋ᠠᠨ ᠬᠡᠯᠡᠵᠦ᠂ ᠪᠠᠰᠠ ᠮᠡᠬᠡᠯᠡᠨ ᠥᠭᠦᠯᠡᠷᠦᠨ᠄ 《 ᠨᠢᠳᠤᠨᠤᠨ ᠦᠨᠡᠭᠡᠨ ᠮᠥᠷᠡᠨ ᠦ᠌ ᠪᠠᠢᠯᠳᠤᠭᠠᠨ ᠳ᠋ᠤᠷ ᠪᠢ ᠬᠡᠷᠡᠢᠳ ᠦ᠋ᠨ ᠰᠣᠯᠣᠩᠭᠤᠸ᠎ᠠ ᠳ᠋ᠤᠷ ᠥᠴᠦᠬᠡᠨ ᠠᠴᠢ ᠪᠣᠢ ᠲᠤᠯᠠᠳᠠ ᠡᠳᠦᠭᠡ ᠲᠡᠭᠦᠨ ᠢ᠋ ᠡᠷᠢᠨ ᠡᠴᠢᠵᠦ ᠲᠡᠭᠦᠨ ᠢ᠋ᠶ᠋ᠡᠷ ᠡᠵᠡᠨ ᠳ᠋ᠦ᠍ᠷ ᠮᠡᠳᠡᠭᠦᠯᠵᠦ ᠡᠷ᠎ᠡ ᠳ᠋ᠦ᠍ᠷ ᠢᠨᠤ ᠡᠴᠢᠰᠦᠭᠡᠢ ᠬᠡᠮᠡᠮᠦᠢ᠂ ᠪᠤᠰᠤ ᠪᠣᠯᠪᠠᠰᠤ ᠲᠡᠷᠡ ᠯᠠᠪ ᠨᠠᠮᠠᠶ᠋ᠢ ᠡᠷᠲᠡ ᠣᠷᠣᠢ ᠬᠢᠯᠢᠰ ᠢ᠋ᠶ᠋ᠡᠷ ᠠᠯᠠᠮᠤᠢ᠃ 》ᠭᠡᠮᠡᠨ ᠲᠡᠷᠭᠡ ᠮᠣᠷᠢ ᠭᠤᠶᠤᠭᠰᠠᠨ ᠳ᠋ᠤᠷ ᠲᠡᠷᠡ ᠬᠣᠶᠠᠷ ᠤᠷᠤᠭ ᠤ᠋ᠨ ᠨᠠᠢᠷ ᠢ᠋ ᠦᠵᠡᠵᠦ ᠳᠡᠪᠡᠯ ᠬᠤᠪᠴᠠᠰᠤ ᠲᠡᠷᠭᠡ ᠮᠣᠷᠢ ᠬᠥᠮᠦᠨ ᠲᠡᠢ ᠥᠭᠴᠦ ᠢᠯᠡᠭᠡᠪᠡ᠃ ᠲᠡᠳᠦᠢ ᠰᠠᠢᠬᠠᠨ ᠬᠦᠷᠢ ᠨᠠᠢ᠍ᠮᠠᠨ ᠳ᠋ᠤᠷ ᠬᠦᠷᠴᠦ ᠪᠠᠭᠤᠳᠠᠯ ᠪᠠᠭᠤᠭᠠᠳ ᠰᠣᠯᠤᠩᠭᠤᠸ᠎ᠠ ᠶ᠋ᠢᠨ ᠭᠠᠳᠠᠭᠰᠢ ᠭᠠᠷᠬᠤ ᠶ᠋ᠢ ᠬᠦᠯᠢᠶᠡᠵᠦ ᠵᠣᠯᠭᠠᠭᠠᠳ ᠵᠠᠮ ᠤ᠋ᠨ ᠬᠠᠵᠠᠭᠤᠳᠠ ᠰᠥᠭᠥᠳᠴᠦ ᠳᠠᠭᠤᠨ ᠦᠭᠡᠢ ᠤᠬᠢᠯᠠᠭᠰᠠᠨ ᠳ᠋ᠤᠷ ᠰᠣᠯᠣᠩᠭᠤᠸ᠎ᠠ ᠯᠠᠪ ᠭᠦᠨ ᠤᠴᠢᠷ ᠪᠦᠬᠦᠢ ᠶ᠋ᠢ ᠮᠡᠳᠡᠭᠡᠳ ᠳᠠᠭᠠᠭᠰᠠᠨ ᠠᠷᠠᠳ ᠢ᠋ ᠵᠠᠢᠯᠠᠭᠤᠯᠵᠤ ᠤᠴᠢᠷ ᠢ᠋ ᠠᠰᠠᠭᠤᠭᠰᠠᠨ ᠳ᠋ᠤᠷ ᠰᠠᠢᠬᠠᠨ ᠬᠦᠷᠢ ᠴᠡᠷᠢᠭ ᠦ᠋ᠨ ᠬᠦᠷᠢᠶ᠎ᠡ ᠡᠴᠡ ᠡᠭᠡᠵᠦ ᠡᠨᠳᠡ ᠬᠦᠷᠲᠡᠯ᠎ᠡ ᠨᠠᠷᠢᠪᠴᠢᠯᠠᠨ ᠲᠣᠭᠠᠴᠢᠵᠤ ᠮᠥᠷᠭᠥᠵᠦ ᠥᠭᠦᠯᠡᠷᠦᠨ᠄《 ᠵᠢᠷᠤᠮ ᠦᠭᠡᠢ ᠡᠷ᠎ᠡ ᠵᠣᠪᠠᠯᠠᠩ ᠢ᠋ ᠬᠠᠮᠲᠤᠳᠬᠠᠭᠰᠠᠨ ᠨᠠᠮᠠᠶ᠋ᠢ ᠡᠨᠡ ᠮᠡᠲᠦ ᠠᠯᠠᠬᠤ ᠲᠤᠯᠠ ᠨᠠᠳᠠ ᠳ᠋ᠤᠷ ᠨᠢᠭᠡᠨᠲᠡ ᠠᠮᠢᠳᠤᠷᠠᠬᠤ ᠵᠠᠮ ᠦᠭᠡᠢ ᠪᠣᠯᠵᠤ ᠡᠭᠡᠴᠢ ᠴᠢᠮᠠᠶ᠋ᠢ ᠡᠷᠢᠵᠦ ᠢᠷᠡᠪᠡ᠃ ᠡᠬᠡᠨᠡᠷ ᠨᠠᠮᠠᠶ᠋ᠢ ᠠᠮᠢ ᠭᠠᠷᠬᠤ ᠭᠠᠵᠠᠷ ᠲᠠᠢ ᠪᠣᠯᠭᠠᠵᠤ᠂ ᠠᠷᠤ ᠬᠣᠷᠮᠣᠢ ᠳ᠋ᠠᠭᠠᠨ ᠰᠢᠷᠭᠤᠭᠤᠯᠤᠨ ᠠᠪᠤᠷᠠᠨ ᠬᠤᠷᠢᠶᠠᠮᠵᠢᠯᠠᠵᠤ ᠡᠷᠭᠢᠨ ᠡᠭᠡᠴᠢ ᠮᠥᠨ ᠴᠡᠷᠢᠭ ᠦ᠋ᠨ ᠡᠷᠳᠡᠮ ᠪᠦᠷᠢᠳᠦᠭᠰᠡᠨ ᠲᠤᠯᠠ ᠥᠴᠦᠬᠡᠨ ᠡᠬᠡᠨᠡᠷ ᠦ᠋ᠨ ᠪᠠᠬᠠᠨ ᠰᠤᠷᠤᠭᠰᠠᠨ ᠢᠯᠳᠦ ᠵᠢᠳᠠᠨ ᠢ᠋ ᠬᠡᠷᠡᠭᠯᠡᠨ ᠡᠮᠦᠨ᠎ᠡ ᠬᠣᠢᠨ᠎ᠠ ᠪᠠᠨ ᠵᠠᠷᠤᠴᠠᠯᠠᠵᠤ ᠳᠥᠷᠥᠭᠡ ᠳᠠᠷᠤᠭᠤᠯᠤᠨ ᠲᠠᠰᠢᠭᠤᠷ ᠡᠷᠭᠦᠭᠦᠯᠦᠮᠦ ! 》ᠭᠡᠮᠡᠨ ᠠᠰᠠᠭᠠᠨᠠᠲᠠᠯ᠎ᠠ ᠣᠬᠢᠯᠠᠬᠤᠢ ᠳ᠋ᠤᠷ ᠰᠣᠯᠣᠩᠭᠤᠸ᠎ᠠ ᠬᠡᠮᠡᠭᠴᠢ ᠮᠠᠰᠢ ᠨᠢᠭᠡᠨ ᠰᠡᠴᠡᠨ ᠰᠡᠷᠭᠦᠯᠡᠩ ᠠᠭᠤᠳᠠᠮ ᠪᠠᠭᠲᠠᠭᠠᠮᠵᠢ ᠲᠠᠢ ᠡᠬᠡᠨᠡᠷ ᠦ᠋ᠨ ᠳᠣᠲᠣᠷᠠᠬᠢ ᠡᠷ᠎ᠡ ᠲᠤᠯᠠ ᠠᠯᠲᠠᠨᠱᠠᠭ᠎ᠠ ᠶ᠋ᠢᠨ ᠲᠡᠭᠦᠨ ᠢ᠋ ᠬᠡᠲᠦᠷᠬᠡᠢ ᠬᠠᠢᠷᠠᠯᠠᠨ ᠰᠠᠨᠠᠬᠤ ᠶ᠋ᠢ ᠬᠠᠷᠢᠭᠤᠯᠠᠬᠤ ᠭᠠᠵᠠᠷ ᠦᠭᠡᠢ᠂ ᠥᠪᠡᠷ ᠦ᠋ᠨ ᠪᠡᠶ᠎ᠡ ᠪᠡᠨ ᠭᠤᠴᠢᠨ ᠨᠠᠰᠤᠨ ᠰᠢᠬᠠᠭᠰᠠᠨ ᠲᠤᠯᠠ ᠡᠷ᠎ᠡ ᠳ᠋ᠡᠭᠡᠨ ᠣᠨᠴᠠ ᠨᠢᠭᠡᠨ ᠦᠶ᠎ᠡ ᠡᠴᠡ ᠲᠠᠰᠤᠷᠬᠠᠢ ᠪᠢᠴᠢᠬᠠᠨ ᠡᠮ᠎ᠡ ᠠᠪᠴᠤ ᠥᠭᠭᠦᠨ ᠠᠯᠲᠠᠨᠱᠠᠭ᠎ᠠ ᠶ᠋ᠢᠨ ᠲᠤᠢᠯ ᠤ᠋ᠨ ᠰᠠᠨᠠᠭᠠᠨ ᠢ᠋ ᠭᠦᠢᠴᠡᠭᠡᠨ ᠪᠠᠰᠠ ᠣᠯᠠᠨ ᠳ᠋ᠤᠷ ᠨᠡᠷ᠎ᠡ ᠭᠠᠷᠰᠤᠭᠠᠢ ᠭᠡᠮᠡᠨ ᠰᠠᠨᠠᠪᠠᠰᠤ ᠡᠷᠢᠵᠦ ᠣᠯᠬᠤ ᠦᠭᠡᠢ ᠪᠦᠬᠦᠢ ᠳ᠋ᠦ᠍ᠷ ᠡᠨᠡ ᠡᠳᠦᠷ ᠡᠢᠮᠦ ᠨᠢᠭᠡᠨ ᠬᠡᠷᠡᠭ ᠲᠣᠬᠢᠶᠠᠯᠳᠤᠵᠤ ᠡᠨᠡ ᠰᠠᠢᠬᠠᠨ ᠬᠦᠷᠢ ᠪᠠᠰᠠ ᠴᠤ᠌ ᠬᠡᠲᠦᠷᠬᠡᠢ ᠭᠤᠸ᠎ᠠ ᠦᠵᠡᠰᠬᠦᠯᠡᠩ ᠬᠡᠭᠡᠨᠴᠢᠷ ᠪᠥᠭᠡᠳ ᠴᠡᠷᠢᠭ ᠦ᠋ᠨ ᠡᠷᠳᠡᠮ ᠲᠡᠢ ᠨᠠᠰᠤ ᠪᠠᠰᠠ ᠰᠠᠢ ᠠᠷᠪᠠᠨ ᠨᠠᠢ᠍ᠮᠠ ᠬᠦᠷᠦᠭᠰᠡᠨ ᠲᠤᠯᠠ ᠳᠠᠷᠤᠢ ᠶᠡᠬᠡᠯ᠎ᠡ ᠪᠠᠶᠠᠷᠯᠠᠵᠤ ᠶᠠᠭᠠᠷᠠᠨ ᠭᠠᠷ ᠠ᠋ᠴᠠ ᠠᠨᠤ ᠪᠠᠷᠢᠵᠤ ᠲᠡᠳᠬᠦᠨ ᠪᠣᠰᠬᠠᠵᠤ᠂ ᠳᠤᠷᠠᠲᠠᠶ᠎ᠠ ᠪᠠᠶᠠᠷᠯᠠᠨ ᠬᠦᠯᠢᠶᠡᠨ ᠠᠪᠴᠤ ᠣᠷᠳᠣᠨ ᠳ᠋ᠠᠭᠠᠨ ᠠᠪᠤᠨ ᠣᠷᠣᠵᠤ ᠭᠡᠷ ᠲᠦ᠍ᠷ ᠰᠠᠭᠤᠵᠤ᠂ ᠮᠥᠨ ᠰᠥᠨᠢ ᠠᠯᠲᠠᠨᠱᠠᠭ᠎ᠠ ᠯᠤᠭ᠎ᠠ ᠡᠪᠦᠳᠦᠭ ᠲᠤᠯᠭᠠᠯᠴᠠᠨ ᠰᠠᠭᠤᠵᠤ᠂ ᠠᠷᠢᠬᠢ ᠤᠤᠭᠤᠨ ᠴᠡᠩᠭᠡᠯᠳᠦᠬᠦ ᠵᠠᠪᠰᠠᠷ ᠲᠤᠷ ᠡᠨᠡ ᠰᠠᠢᠬᠠᠨ ᠬᠦᠷᠢ ᠶ᠋ᠢᠨ ᠬᠡᠷᠡᠭ ᠢ᠋ ᠡᠬᠢᠨ ᠡᠴᠡ ᠠᠳᠠᠭ ᠲᠤᠷ ᠬᠦᠷᠲᠡᠯ᠎ᠡ ᠬᠡᠯᠡᠵᠦ᠂ ᠥᠪᠡᠷ ᠦ᠋ᠨ ᠦᠨᠡᠨ ᠰᠠᠨᠠᠭᠠᠨ ᠢ᠋ᠶ᠋ᠠᠨ ᠪᠠᠰᠠ ᠨᠢᠭᠤᠯ ᠦᠭᠡᠢ ᠬᠡᠯᠡᠭᠰᠡᠨ ᠳ᠋ᠦ᠍ᠷ ᠠᠯᠲᠠᠨᠱᠠᠭ᠎ᠠ ᠰᠣᠯᠤᠩᠭᠤᠸ᠎ᠠ ᠶ᠋ᠢᠨ ᠭᠠᠷ ᠢ᠋ ᠪᠠᠷᠢᠵᠤ ᠥᠭᠦᠯᠡᠷᠦᠨ᠄《 ᠡᠷᠬᠢᠮ ᠬᠥᠮᠦᠨ ᠴᠢᠨᠦ ᠬᠣᠯᠠ ᠪᠣᠳᠣᠯᠭ᠎ᠠ ᠬᠡᠳᠦᠢ ᠨᠡᠢᠴᠡᠬᠦ ᠮᠡᠲᠦ ᠪᠣᠯᠪᠠᠴᠤ ᠡᠭᠦᠨ ᠦ᠌ ᠳᠣᠲᠣᠷ᠎ᠠ ᠪᠠᠰᠠ ᠶᠣᠰᠣᠨ ᠳ᠋ᠤᠷ ᠬᠠᠷᠰᠢᠬᠤ ᠭᠤᠷᠪᠠᠨ ᠵᠦᠢᠯ ᠪᠣᠢ᠄ ᠲᠡᠷᠢᠭᠦᠨ ᠳ᠋ᠦ᠍ᠷ ᠠᠪᠤᠭᠰᠠᠨ ᠡᠮ᠎ᠡ ᠴᠢ ᠬᠠᠲᠠᠭᠤ ᠵᠣᠷᠢᠭ ᠢ᠋ᠶ᠋ᠠᠷ ᠨᠠᠮᠠᠶ᠋ᠢ ᠡᠳᠦᠢ ᠬᠦᠷᠲᠡᠯ᠎ᠡ ᠰᠠᠬᠢᠨ ᠪᠥᠭᠡᠲᠡᠯ᠎ᠡ ᠪᠢ ᠡᠳᠦᠭᠡ ᠴᠢᠨᠦ ᠳᠣᠣᠷ᠎ᠠ ᠳᠠᠪᠬᠤᠷ ᠠᠪᠬᠤ ᠠᠨᠤ ᠵᠢᠷᠤᠮᠲᠤ ᠡᠷ᠎ᠡ ᠶ᠋ᠢᠨ ᠳᠦᠷᠢᠮ ᠪᠤᠰᠤ᠃ ᠬᠣᠶᠠᠷ ᠲᠤᠷ ᠪᠢ ᠡᠳᠦᠭᠡ ᠨᠢᠭᠡᠨᠲᠡ ᠪᠧᠲ᠋ᠠ᠋ ᠤᠯᠤᠰ ᠲᠤᠷ ᠳᠠᠭᠠᠵᠤ᠂ ᠪᠧᠲ᠋ᠠ᠋ ᠤᠯᠤᠰ ᠤ᠋ᠨ ᠴᠠᠭᠠᠵᠠ ᠬᠠᠤᠯᠢ ᠪᠠᠷ ᠶᠠᠪᠤᠬᠤ ᠪᠥᠭᠡᠳ ᠬᠥᠮᠦᠨ ᠦ᠌ ᠡᠮ᠎ᠡ ᠶ᠋ᠢ ᠵᠣᠷᠢᠭ ᠢ᠋ᠶ᠋ᠠᠷ ᠠᠪᠴᠤ ᠪᠣᠯᠤᠮᠤᠢ ᠤᠤ? ᠬᠡᠷᠪᠡ ᠲᠡᠭᠦᠨ ᠦ᠌ ᠤᠭ ᠡᠷ᠎ᠡ ᠢᠨᠤ ᠵᠠᠭᠠᠯᠲᠤᠪᠠᠰᠤ ᠪᠢ ᠶᠣᠰᠣ ᠠᠯᠳᠠᠵᠤ ᠨᠢᠭᠤᠷ ᠪᠠᠷᠠᠬᠤᠢ ᠳ᠋ᠤᠷ ᠬᠥᠷᠥᠮᠦᠢ᠃ ᠭᠤᠷᠪᠠᠨ ᠳ᠋ᠤᠷ ᠲᠡᠷᠡ ᠡᠬᠡᠨᠡᠷ ᠨᠡᠩᠳᠡ ᠤᠷᠢᠳᠤ ᠶ᠋ᠢᠨ ᠠᠪᠠᠯᠢ ᠶ᠋ᠢᠨ ᠡᠷ᠎ᠡ ᠪᠡᠨ ᠲᠡᠪᠴᠢᠭᠰᠡᠨ ᠬᠥᠮᠦᠨ ᠲᠤᠯᠠ ᠬᠣᠵᠢᠮ ᠤ᠋ᠨ ᠡᠷ᠎ᠡ ᠶ᠋ᠢ ᠲᠡᠪᠴᠢᠬᠦ ᠢᠨᠤ ᠨᠡᠩ ᠬᠢᠯᠪᠠᠷ᠂ ᠶᠠᠮᠪᠠᠷ ᠤᠷᠮ᠎ᠠ ᠪᠠᠷ ᠲᠡᠭᠦᠨ ᠢ᠋ ᠰᠤᠯᠠ ᠲᠠᠲᠠᠪᠤᠷᠢ ᠭᠡᠮᠡᠨ ᠠᠪᠴᠤ ᠶᠠᠪᠤᠬᠤ ᠪᠣᠢ? ᠡᠢᠮᠦ ᠭᠤᠷᠪᠠᠨ ᠵᠦᠢᠯ ᠦ᠋ᠨ ᠦᠯᠦ ᠪᠣᠯᠬᠤ ᠬᠡᠷᠡᠭ ᠠᠬᠤ ᠪᠥᠭᠡᠲᠡᠯ᠎ᠡ ᠡᠷᠭᠢᠨ ᠬᠠᠲᠤᠨ ᠴᠢ ᠭᠠᠭᠴᠠ ᠥᠪᠡᠷ ᠦ᠋ᠨ ᠡᠷᠳᠡᠮ ᠢ᠋ᠶ᠋ᠡᠨ ᠢᠯᠡᠷᠡᠭᠦᠯᠬᠦᠢ ᠶ᠋ᠢᠨ ᠲᠤᠯᠠ ᠨᠠᠮᠠᠶ᠋ᠢ ᠭᠤᠷᠪᠠᠨ ᠪᠤᠰᠤᠴᠢᠷ ᠢ᠋ ᠣᠯᠭᠣᠯᠤᠮᠤᠢ ᠤᠤ ? 》 ᠬᠡᠮᠡᠭᠰᠡᠨ ᠳ᠋ᠦ᠍ᠷ ᠰᠣᠯᠤᠩᠭᠤᠸ᠎ᠠ ᠢᠨᠢᠶᠡᠨ ᠥᠭᠦᠯᠡᠷᠦᠨ᠄《 ᠡᠷᠭᠢᠨ ᠨᠥᠬᠥᠷ ᠴᠢ ᠮᠢᠨᠦ ᠮᠡᠳᠡᠭᠦᠯᠬᠦ ᠶ᠋ᠢ ᠰᠣᠨᠣᠰ᠂ ᠨᠠᠳᠠ ᠳ᠋ᠤᠷ ᠪᠠᠰᠠ ᠭᠤᠷᠪᠠᠨ ᠶᠠᠪᠤᠳᠠᠯ ᠪᠣᠢ᠄ ᠲᠡᠷᠢᠭᠦᠨ ᠳ᠋ᠦ᠍ᠷ ᠪᠢ ᠴᠢᠮᠠᠶ᠋ᠢ ᠰᠠᠬᠢᠪᠠ ᠬᠡᠮᠡᠬᠦᠢ ᠳ᠋ᠦ᠍ᠷ ᠴᠢ ᠪᠠᠰᠠ ᠨᠠᠮᠠᠶ᠋ᠢ ᠬᠦᠯᠢᠶᠡᠵᠦᠬᠦᠢ᠂ ᠡᠬᠡᠨᠡᠷ ᠡᠷ᠎ᠡ ᠶ᠋ᠢ ᠰᠠᠬᠢᠬᠤ ᠠᠨᠤ ᠲᠣᠭᠲᠠᠭᠰᠠᠨ ᠬᠡᠷᠡᠭ᠂ ᠡᠷ᠎ᠡ ᠡᠬᠡᠨᠡᠷ ᠢ᠋ ᠬᠦᠯᠢᠶᠡᠬᠦ ᠢᠨᠤ ᠴᠥᠭᠡᠨ ᠪᠣᠯᠠᠢ᠃ ᠲᠡᠢᠨ ᠬᠦ᠌ ᠲᠡᠷᠢᠭᠦᠨ ᠳ᠋ᠦ᠍ᠷ ᠪᠢ ᠴᠢᠨᠦ ᠨᠠᠮᠠᠶ᠋ᠢ ᠰᠠᠬᠢᠭᠰᠠᠨ ᠨᠡᠷ᠎ᠡ ᠳ᠋ᠦ᠍ᠷ ᠨᠢᠭᠡᠨ ᠬᠡᠭᠡᠨᠴᠢᠷ ᠡᠬᠡᠨᠡᠷ ᠢ᠋ ᠠᠪᠴᠤ ᠥᠭᠭᠦᠭᠡᠳ ᠴᠢᠨᠦ ᠴᠢᠩ ᠦᠨᠡᠨ ᠢ᠋ᠶ᠋ᠡᠷ ᠨᠠᠮᠠᠶ᠋ᠢ ᠰᠠᠬᠢᠭᠰᠠᠨ ᠢ᠋ ᠬᠠᠷᠢᠭᠤᠯᠠᠰᠤᠭᠠᠢ᠃ ᠬᠣᠶᠠᠷ ᠲᠤᠷ ᠪᠠᠰᠠ ᠲᠠᠬᠢᠪᠠᠰᠤ ᠴᠢᠨᠦ ᠰᠡᠳᠬᠢᠯ ᠨᠡᠩ ᠬᠦᠨᠳᠦᠳᠴᠦ ᠴᠢᠨᠦ ᠪᠡᠶ᠎ᠡ ᠶ᠋ᠢᠨ ᠠᠮᠠᠷᠠᠭ ᠢ᠋ᠶ᠋ᠠᠨ ᠨᠡᠭᠦᠯᠭᠡᠰᠦᠭᠡᠢ ᠬᠡᠮᠡᠮᠦᠢ᠃ ᠭᠤᠷᠪᠠᠨ ᠳ᠋ᠤᠷ ᠭᠠᠳᠠᠨ᠎ᠠ ᠪᠠᠰᠠ ᠮᠢᠨᠦ ᠠᠭᠤᠳᠠᠮ ᠢ᠋ᠶ᠋ᠠᠨ ᠢᠯᠡᠷᠡᠭᠦᠯᠦᠨ ᠡᠷᠳᠡᠮ ᠢ᠋ᠶ᠋ᠡᠨ ᠦᠵᠡᠭᠦᠯᠵᠦ᠂ ᠰᠠᠢᠨ ᠨᠡᠷ᠎ᠡ ᠰᠡᠴᠡᠨ ᠴᠣᠯᠠ ᠪᠠᠨ ᠪᠧᠲ᠋ᠠ᠋ ᠤᠯᠤᠰ ᠲᠤᠷ ᠮᠡᠳᠡᠭᠳᠡᠰᠦᠭᠡᠢ ᠬᠡᠮᠡᠭᠰᠡᠨ ᠪᠥᠯᠥᠭᠡ᠃ ᠨᠡᠩ ᠪᠠᠰᠠ ᠪᠢ ᠦᠵᠡᠪᠡᠰᠦ ᠪᠧᠲ᠋ᠠ᠋ ᠤᠯᠤᠰ ᠤ᠋ᠨ ᠡᠵᠡᠨ ᠡᠮᠦᠨ᠎ᠡ ᠭᠠᠵᠠᠷ ᠢ᠋ ᠬᠤᠷᠢᠶᠠᠬᠤ ᠠᠨᠤ ᠯᠠᠪ ᠲᠤᠯᠠ ᠲᠡᠭᠦᠨ ᠳ᠋ᠦ᠍ᠷ ᠪᠢ ᠪᠠᠰᠠ ᠴᠡᠷᠢᠭ ᠦ᠋ᠨ ᠡᠷᠳᠡᠮ ᠢ᠋ ᠭᠠᠷᠭᠠᠵᠤ ᠭᠠᠪᠢᠶ᠎ᠠ ᠪᠠᠢᠭᠤᠯᠰᠤᠭᠠᠢ ᠬᠡᠮᠡᠮᠦᠢ᠃ ᠡᠨᠡ ᠢᠨᠤ ᠨᠥᠬᠥᠷ ᠨᠠᠳᠠ ᠳ᠋ᠤᠷ ᠡᠢᠮᠦ ᠲᠤᠰᠠ ᠪᠣᠯᠬᠤ ᠭᠤᠷᠪᠠᠨ ᠵᠦᠢᠯ ᠪᠣᠢ ᠪᠥᠭᠡᠲᠡᠯ᠎ᠡ ᠠᠮᠠᠷᠠᠭ ᠨᠥᠬᠥᠷ ᠶᠠᠭᠤᠨ ᠳ᠋ᠤᠷ ᠮᠢᠨᠦ ᠦᠭᠡ ᠶ᠋ᠢ ᠦᠯᠦ ᠠᠪᠤᠮᠤᠢ ?  ᠵᠢᠴᠢ ᠪᠧᠲ᠋ᠠ᠋ ᠤᠯᠤᠰ ᠤ᠋ᠨ ᠬᠠᠤᠯᠢ ᠴᠠᠭᠠᠵᠠᠨ ᠤ᠋ ᠬᠡᠷᠡᠭ – ᠨᠢᠭᠡᠨ ᠥᠴᠦᠬᠡᠨ ᠶᠠᠪᠤᠳᠠᠯ᠂ ᠲᠡᠭᠦᠨ ᠦ᠌ ᠤᠭ ᠡᠷ᠎ᠡ ᠡᠰᠡ ᠵᠠᠭᠠᠯᠳᠤᠬᠤ ᠴᠤ᠌ ᠪᠠᠢᠲᠤᠭᠠᠢ ᠬᠡᠳᠦᠢ ᠵᠠᠭᠠᠯᠳᠤᠪᠠᠴᠤ ᠬᠡᠯᠡᠬᠦ ᠭᠠᠵᠠᠷ ᠮᠠᠰᠢ ᠠᠷᠪᠢᠨ ᠪᠣᠢ !》ᠭᠡᠮᠡᠨ ᠠᠯᠲᠠᠨᠱᠠᠭ᠎ᠠ ᠶ᠋ᠢ ᠱᠠᠭᠠᠷᠳᠠᠪᠠᠴᠤ ᠠᠯᠲᠠᠨᠱᠠᠭ᠎ᠠ ᠡᠭᠡᠨᠡᠭᠲᠡ ᠪᠣᠯᠬᠤ ᠦᠭᠡᠢ ᠳ᠋ᠦ᠍ᠷ ᠰᠣᠯᠤᠩᠭᠤᠸ᠎ᠠ ᠭᠡᠨᠡᠳᠲᠡ ᠨᠢᠭᠡᠨ ᠠᠷᠭ᠎ᠠ ᠣᠯᠵᠤ ᠳᠠᠷᠤᠢ ᠲᠡᠭᠦᠨ ᠦ᠌ ᠰᠠᠨᠠᠭᠠᠨ ᠢ᠋ ᠳᠠᠭᠠᠭᠤᠯᠤᠨ ᠡᠷᠬᠡᠪᠰᠢ ᠠᠪᠴᠤ ᠥᠭᠭᠦᠮᠥᠢ ᠬᠡᠮᠡᠬᠦ ᠪᠡᠨ ᠪᠠᠢᠭᠠᠳ ᠲᠡᠭᠦᠨ ᠦ᠌ ᠲᠠᠪᠠ ᠶ᠋ᠢ ᠳᠠᠭᠠᠭᠤᠯᠤᠨ ᠄《 ᠡᠨᠡ ᠴᠥᠮ ᠥᠷᠥᠰᠢᠶᠡᠯᠳᠦ ᠨᠥᠬᠥᠷ ᠴᠢᠨᠦ ᠬᠡᠲᠦᠷᠬᠡᠢ ᠨᠠᠮᠠᠶ᠋ᠢ ᠬᠠᠢᠷᠠᠯᠠᠬᠤ ᠬᠠᠷᠠᠭ᠎ᠠ᠂ ᠪᠢ ᠴᠢᠮᠠᠶ᠋ᠢ ᠬᠡᠲᠦᠷᠬᠡᠶ᠎ᠡ ᠮᠣᠰᠬᠢᠬᠤ ᠦᠭᠡᠢ !》ᠭᠡᠮᠡᠨ ᠳᠠᠷᠤᠢ ᠲᠠᠰᠢᠷᠠᠮ ᠳ᠋ᠤᠷ ᠨᠡᠢᠯᠡᠭᠦᠯᠦᠨ ᠠᠯᠲᠠᠨᠱᠠᠭ᠎ᠠ ᠯᠤᠭ᠎ᠠ ᠡᠷᠬᠡᠯᠡᠨ ᠨᠠᠭᠠᠳᠴᠤ ᠡᠪᠦᠷ ᠲᠣᠷ ᠰᠠᠭᠤᠵᠤ ᠬᠤᠨᠳᠠᠭ᠎ᠠ ᠶ᠋ᠢ ᠪᠠᠷᠢᠨ ᠤᠤᠭᠤᠯᠭᠠᠭᠰᠠᠭᠠᠷ ᠶᠡᠬᠡᠳᠡ ᠰᠣᠭᠲᠣᠭᠠᠵᠤ ᠳᠠᠷᠤᠢ ᠬᠠᠮᠲᠤ ᠬᠥᠰᠢᠭᠡ ᠳ᠋ᠦ᠍ᠷ ᠣᠷᠣᠵᠤ ᠬᠤᠪᠴᠠᠰᠤ ᠲᠠᠢᠯᠤᠨ ᠳᠡᠷ᠎ᠡ ᠳᠡᠪᠢᠰᠬᠡᠷ ᠲᠣᠷ ᠣᠷᠣᠵᠤ ᠨᠥᠬᠥᠷ ᠡᠮ᠎ᠡ ᠬᠠᠷᠢᠯᠴᠠᠨ ᠲᠡᠪᠡᠷᠢᠯᠴᠡᠨ ᠨᠢᠭᠡᠨ ᠵᠡᠷᠭᠡ ᠶᠡᠬᠡᠯ᠎ᠡ ᠴᠠᠷᠭᠢᠯᠲᠤᠨ ᠨᠠᠭᠠᠳᠴᠤ ᠤᠮᠳᠠᠪᠠ᠃ ᠰᠣᠯᠤᠩᠭᠤᠸ᠎ᠠ ᠰᠠᠨᠠᠭᠠᠨ ᠪᠠᠢᠬᠤ ᠬᠥᠮᠦᠨ ᠲᠤᠯᠠ ᠠᠯᠲᠠᠨᠱᠠᠭ᠎ᠠ ᠶ᠋ᠢ ᠤᠮᠳᠠᠭᠤᠯᠤᠨ ᠳᠠᠷᠤᠢ ᠰᠡᠮᠡᠬᠡᠷ ᠪᠣᠰᠴᠤ ᠬᠤᠪᠴᠠᠯᠠᠭᠠᠳ ᠬᠥᠰᠢᠭᠡ ᠡᠴᠡ ᠪᠡᠨ ᠭᠠᠷᠴᠤ ᠢᠷᠡᠨ ᠵᠤᠯᠠ ᠶ᠋ᠢᠨ ᠳᠣᠣᠷ᠎ᠠ ᠦᠰᠦ ᠵᠢᠰᠦ ᠪᠡᠨ ᠪᠠᠬᠠᠨ ᠵᠠᠰᠠᠭᠠᠳ ᠳᠠᠷᠤᠢ ᠪᠠᠭ᠎ᠠ ᠥᠬᠢᠳ ᠢ᠋ ᠢᠯᠡᠭᠡᠵᠦ ᠰᠠᠢᠬᠠᠨ ᠬᠦᠷᠢ ᠶ᠋ᠢ ᠳᠠᠭᠤᠳᠠᠨ ᠠᠪᠴᠢᠷᠠᠵᠤ ᠪᠠᠭ᠎ᠠ ᠥᠬᠢᠳ ᠢ᠋ ᠵᠠᠢᠯᠠᠭᠤᠯᠤᠨ ᠥᠪᠡᠷ ᠦ᠋ᠨ ᠰᠠᠨᠠᠭᠠᠨ ᠪᠠ ᠵᠢᠴᠢ ᠠᠯᠲᠠᠨᠱᠠᠭ᠎ᠠ ᠶ᠋ᠢᠨ ᠰᠠᠨᠠᠭᠠᠨ ᠤ᠋ ᠦᠭᠡᠰ ᠢ᠋ ᠡᠬᠢᠨ ᠡᠴᠡ ᠠᠳᠠᠭ ᠲᠤᠷ ᠲᠤᠯᠲᠠᠯ᠎ᠠ ᠪᠦᠷᠢᠨ ᠬᠡᠯᠡᠵᠦ ᠥᠭᠦᠯᠡᠷᠦᠨ ᠄《ᠥᠬᠢᠨ ᠳᠡᠭᠦᠦ ᠴᠢ ᠨᠠᠮᠠᠶ᠋ᠢ ᠨᠢᠭᠡᠨᠲᠡ ᠦᠵᠡᠵᠦ ᠲᠠᠨᠢᠭᠰᠠᠨ ᠲᠤᠯᠠ ᠨᠠᠳᠠ ᠠ᠋ᠴᠠ ᠪᠢᠲᠡᠭᠡᠢ ᠢᠴᠢᠩᠭᠦᠷᠡ᠂ ᠪᠢ ᠴᠢᠮ᠎ᠠ ᠳ᠋ᠤᠷ ᠨᠢᠭᠡᠨ ᠰᠠᠢᠨ ᠠᠷᠭ᠎ᠠ ᠪᠡᠯᠡᠳᠪᠡᠢ᠃ 》ᠭᠡᠮᠡᠨ ᠴᠢᠬᠢᠨ ᠳ᠋ᠦ᠍ᠷ ᠡᠢᠮᠦ ᠲᠡᠢᠮᠦ ᠬᠡᠯᠡᠭᠰᠡᠨ ᠳ᠋ᠦ᠍ᠷ ᠰᠠᠢᠬᠠᠨ ᠬᠦᠷᠢ ᠨᠢᠭᠡᠨᠲᠡ ᠠᠷᠭ᠎ᠠ ᠦᠭᠡᠢ ᠴᠢᠷᠠᠢ ᠤᠯᠠᠢᠨ᠂ ᠰᠣᠯᠤᠩᠭᠤᠸ᠎ᠠ ᠶ᠋ᠢᠨ ᠣᠷᠣᠨ ᠳ᠋ᠤᠷ ᠣᠷᠣᠵᠤ ᠠᠯᠲᠠᠨᠱᠠᠭ᠎ᠠ ᠶ᠋ᠢᠨ ᠪᠡᠶ᠎ᠡ ᠶ᠋ᠢ ᠨᠢᠭᠡᠨᠲᠡ ᠲᠡᠪᠡᠷᠢᠵᠦ ᠦᠵᠡᠬᠦᠯ᠎ᠡ ᠲᠡᠭᠦᠨ ᠦ᠌ ᠪᠡᠶ᠎ᠡ ᠨᠠᠷᠠᠨ ᠬᠠᠭᠠᠨ ᠠ᠋ᠴᠠ ᠮᠠᠰᠢ ᠥᠪᠡᠷ᠎ᠡ᠂ ᠬᠠᠰ ᠲᠤᠷ ᠦᠯᠢᠳᠬᠡᠪᠡᠰᠦ ᠬᠠᠰ ᠠ᠋ᠴᠠ ᠨᠡᠮᠡᠭᠦᠨ᠂ ᠣ ᠳ᠋ᠤᠷ ᠦᠯᠢᠳᠬᠡᠪᠡᠰᠦ ᠣ ᠠ᠋ᠴᠠ ᠠᠮᠢᠳᠤᠯᠢᠭ᠂ ᠬᠠᠷᠠᠬᠠᠨ ᠴᠡᠷᠢᠭ ᠪᠠᠢᠯᠳᠤᠭᠠᠨ ᠤ᠋ ᠳᠣᠲᠣᠷ᠎ᠠ ᠪᠠᠢᠭᠰᠠᠨ ᠰᠠᠨᠠᠭᠠᠨ  ᠰᠠᠢ ᠭᠦᠢᠴᠡᠵᠦ ᠳᠣᠲᠣᠷ᠎ᠠ ᠪᠠᠨ ᠰᠣᠯᠤᠩᠭᠤᠸ᠎ᠠ ᠶ᠋ᠢᠨ ᠦᠨᠡᠬᠡᠷ ᠠᠭᠤᠳᠠᠮ ᠲᠠᠯᠪᠢᠭᠤ ᠮᠡᠷᠭᠡᠨ ᠳ᠋ᠦ᠍ᠷ ᠰᠢᠲᠦᠵᠦ᠂ ᠳᠠᠷᠤᠢ ᠬᠥᠰᠢᠭᠡ ᠶ᠋ᠢᠨ ᠭᠠᠳᠠᠨ᠎ᠠ ᠵᠤᠯᠠ ᠶ᠋ᠢ ᠵᠠᠢᠯᠠᠭᠤᠯᠤᠨ ᠠᠯᠲᠠᠨᠱᠠᠭ᠎ᠠ ᠶ᠋ᠢᠨ ᠳᠤᠮᠳᠠ ᠠ᠋ᠴᠠ ᠠᠨᠤ ᠲᠡᠪᠡᠷᠢᠵᠦ ᠬᠠᠷᠠᠬᠠᠨ ᠬᠤᠷᠢᠴᠠᠯ ᠤ᠋ᠨ ᠤᠰᠤᠨ ᠳᠡᠪᠦᠯᠬᠦᠶ᠎ᠡ᠂ ᠰᠥᠨᠢ ᠳᠦᠯᠢ ᠳ᠋ᠦ᠍ᠷ ᠠᠯᠲᠠᠨᠱᠠᠭ᠎ᠠ ᠰᠡᠷᠢᠵᠦ ᠦᠵᠡᠪᠡᠰᠦ ᠡᠮ᠎ᠡ ᠢᠨᠤ ᠰᠣᠯᠣᠩᠭᠤᠸ᠎ᠠ ᠳᠤᠮᠳᠠ ᠠ᠋ᠴᠠ ᠠᠨᠤ ᠲᠡᠪᠡᠷᠢᠵᠦ ᠠᠮᠠᠷᠬᠠᠯᠠᠬᠤᠶ᠎ᠠ᠂ ᠲᠠᠰᠢᠷᠠᠮ ᠳ᠋ᠤᠷ ᠳᠠᠷᠤᠢ ᠬᠥᠯ ᠢ᠋ ᠡᠷᠭᠦᠵᠦ ᠬᠠᠭᠠᠰ ᠰᠣᠭᠲᠣᠭᠤ ᠪᠠᠷ ᠡᠭᠦᠯᠡ ᠪᠣᠷᠣᠭᠠᠨ ᠤ᠋ ᠬᠡᠷᠡᠭ ᠢ᠋ ᠡᠭᠦᠰᠬᠡᠬᠦᠶ᠎ᠡ ᠲᠡᠭᠦᠨ ᠦ᠌ ᠨᠡᠢᠯᠡᠭᠦᠯᠬᠦ ᠨᠡᠭᠦᠯᠭᠡᠬᠦ ᠢᠨᠤ ᠨᠡᠩ ᠬᠦᠰᠡᠯᠲᠡᠢ ᠳ᠋ᠦ᠍ᠷ ᠳᠠᠷᠤᠢ ᠭᠠᠯ ᠤ᠋ᠨ ᠬᠦᠴᠦᠨ ᠢ᠋ᠶ᠋ᠡᠷ ᠴᠡᠩᠭᠡᠯᠳᠦᠨ ᠦᠶᠡᠰ ᠭᠡᠰᠢᠭᠦᠨ ᠨᠡᠮᠡᠭᠦᠨ ᠪᠣᠯᠵᠤ᠂ ᠠᠮᠲᠠ ᠰᠢᠮ᠎ᠡ ᠶᠡᠬᠡᠯ᠎ᠡ ᠥᠪᠡᠷᠮᠢᠴᠡ ᠳ᠋ᠦ᠍ᠷ ᠳᠣᠲᠣᠷ᠎ᠠ ᠪᠠᠨ ᠭᠠᠢᠬᠠᠵᠤ ᠦᠭᠡ ᠠᠰᠠᠭᠤᠪᠠᠰᠤ ᠲᠡᠷᠡ ᠭᠠᠭᠴᠠ ᠢᠨᠢᠶᠡᠵᠦ ᠦᠭᠡ ᠥᠴᠢᠬᠦ ᠦᠭᠡᠢ ᠨᠢᠭᠡᠨ ᠰᠥᠨᠢ ᠲᠡᠪᠡᠷᠢᠯᠴᠡᠨ ᠤᠮᠳᠠᠭᠠᠳ ᠵᠢᠴᠢ ᠥᠷᠯᠥᠭᠡ ᠦᠵᠡᠪᠡᠰᠦ ᠶᠠᠭᠤᠨᠠᠢ ᠰᠣᠯᠤᠩᠭᠤᠸ᠎ᠠ ᠠᠵᠢ ! ᠬᠠᠷᠢᠨ ᠨᠠᠷᠠᠨ ᠬᠠᠭᠠᠨ ᠤ᠋ ᠰᠤᠯᠠ ᠬᠠᠲᠤᠨ ᠰᠠᠢᠬᠠᠨ ᠬᠦᠷᠢ ᠲᠤᠯᠠ ᠶᠡᠬᠡᠯ᠎ᠡ ᠰᠣᠴᠢᠵᠤ ᠶᠠᠭᠠᠷᠠᠨ ᠪᠣᠰᠴᠤ ᠳᠡᠪᠡᠯ ᠢ᠋ᠶ᠋ᠡᠨ ᠨᠥᠮᠥᠷᠴᠦ ᠬᠥᠰᠢᠭᠡ ᠡᠴᠡ ᠭᠠᠷᠰᠤᠭᠠᠢ ᠬᠡᠮᠡᠲᠡᠯ᠎ᠡ ᠰᠠᠢᠬᠠᠨ ᠬᠦᠷᠢ ᠶᠠᠭᠠᠷᠠᠨ ᠬᠠᠰ ᠮᠡᠲᠦ ᠭᠠᠷ ᠢ᠋ᠶ᠋ᠠᠨ ᠰᠤᠩᠭᠠᠵᠤ ᠠᠯᠲᠠᠨᠱᠠᠭ᠎ᠠ ᠶ᠋ᠢᠨ ᠳᠤᠮᠳᠠ ᠠ᠋ᠴᠠ ᠲᠡᠪᠡᠷᠢᠵᠦ ᠰᠣᠯᠤᠩᠭᠤᠸ᠎ᠠ ᠶ᠋ᠢᠨ ᠠᠷᠭ᠎ᠠ ᠶ᠋ᠢ ᠪᠦᠷᠢᠨ᠎ᠡ ᠬᠡᠯᠡᠭᠰᠡᠨ ᠳ᠋ᠦ᠍ᠷ ᠠᠯᠲᠠᠨᠱᠠᠭ᠎ᠠ ᠤᠴᠢᠷ ᠢ᠋ ᠰᠠᠢ ᠣᠯᠵᠤ ᠮᠡᠳᠡᠭᠡᠳ ᠠᠷᠭ᠎ᠠ ᠦᠭᠡᠢ ᠢᠨᠢᠶᠡᠨ ᠨᠡᠢᠯᠡᠭᠦᠯᠵᠦ᠂ ᠬᠣᠶᠠᠭᠤᠯᠠ ᠬᠤᠪᠴᠠᠯᠠᠨ ᠭᠠᠷᠴᠤ ᠢᠷᠡᠭᠡᠳ ᠰᠣᠯᠤᠩᠭᠤᠸ᠎ᠠ ᠶ᠋ᠢᠨ ᠭᠡᠷ ᠲᠦ᠍ᠷ ᠢᠷᠡᠵᠦ ᠬᠣᠶᠠᠭᠤᠯᠠ ᠬᠠᠮᠲᠤ ᠪᠠᠷ ᠶᠣᠰᠣᠯᠠᠵᠤ ᠴᠢᠷᠠᠢ ᠤᠯᠠᠢᠵᠤ ᠢᠨᠢᠶᠡᠯᠴᠡᠬᠦᠢ ᠳ᠋ᠦ᠍ᠷ ᠰᠣᠯᠤᠩᠭᠤᠸ᠎ᠠ ᠪᠠᠰᠠ ᠪᠠᠶᠠᠷᠯᠠᠨ ᠪᠠᠶᠠᠷ ᠤ᠋ᠨ ᠶᠣᠰᠣ ᠪᠠᠷ ᠬᠤᠷᠢᠮ ᠪᠡᠯᠡᠳᠬᠡᠨ ᠬᠤᠷᠢᠮᠯᠠᠵᠤ᠂ ᠳᠣᠣᠷᠠᠲᠤ ᠤᠯᠤᠰ ᠲᠤᠷ ᠮᠥᠨ ᠴᠥᠮ ᠬᠤᠷᠢᠮ ᠬᠠᠢᠷᠠᠯᠠᠪᠠ᠃ 
       ᠲᠡᠳᠦᠢ ᠠᠯᠲᠠᠨᠱᠠᠭ᠎ᠠ ᠰᠣᠯᠤᠩᠭᠤᠸ᠎ᠠ ᠶ᠋ᠢᠨ ᠵᠦᠭ ᠥᠭᠦᠯᠡᠷᠦᠨ᠄《 ᠴᠢ ᠨᠢᠭᠡᠨᠲᠡ ᠬᠡᠷᠡᠭ ᠢ᠋ ᠡᠨᠡ ᠮᠡᠲᠦ ᠪᠣᠯᠭᠠᠪᠠ᠂ ᠣᠳᠣ ᠶᠣᠰᠣ ᠳ᠋ᠤᠷ ᠬᠠᠷᠰᠢᠵᠤ ᠳᠡᠭᠡᠳᠦ ᠡᠴᠡ ᠪᠧᠲ᠋ᠠ᠋ ᠤᠯᠤᠰ ᠤ᠋ᠨ ᠶᠠᠯ᠎ᠠ ᠬᠡᠯᠡᠯᠴᠡᠬᠦ᠂ ᠳᠣᠣᠷᠠᠲᠤ ᠠ᠋ᠴᠠ ᠣᠯᠠᠨ ᠲᠦᠰᠢᠮᠡᠳ ᠦ᠋ᠨ ᠰᠡᠪᠯᠡᠬᠦ ᠶ᠋ᠢ ᠬᠡᠷᠬᠢᠮᠦᠢ ? 》ᠬᠡᠮᠡᠭᠰᠡᠨ ᠳ᠋ᠦ᠍ᠷ ᠰᠣᠯᠤᠩᠭᠤᠸ᠎ᠠ ᠢᠨᠢᠶᠡᠨ ᠥᠭᠦᠯᠡᠷᠦᠨ᠄《  ᠵᠢᠷᠤᠮᠲᠤ ᠨᠥᠬᠥᠷ ᠰᠡᠳᠬᠢᠯ ᠢ᠋ᠶ᠋ᠡᠨ ᠰᠤᠯᠠ ᠳᠡᠯᠪᠢ᠂ ᠨᠠᠳᠠ ᠳ᠋ᠤᠷ ᠪᠣᠳᠣᠨ ᠲᠣᠭᠲᠠᠭᠠᠭᠰᠠᠨ ᠭᠠᠵᠠᠷ ᠪᠣᠢ᠃ 》ᠭᠡᠮᠡᠨ ᠪᠠᠰᠠ ᠵᠡᠷᠭᠡᠴᠡᠨ ᠰᠠᠭᠤᠵᠤ ᠰᠠᠢᠬᠠᠨ ᠬᠦᠷᠢ ᠪᠡᠷ ᠠᠷᠢᠬᠢ ᠬᠢᠯᠭᠡᠵᠦ ᠥᠪᠡᠷ ᠢ᠋ᠶ᠋ᠡᠨ ᠠᠷᠢᠬᠢ ᠪᠠᠷᠢᠨ ᠪᠠᠶᠠᠷ ᠲᠤᠷ ᠨᠡᠢᠯᠡᠭᠦᠯᠵᠦ ᠬᠠᠷᠠᠬᠠᠨ ᠬᠤᠷᠢᠮᠯᠠᠵᠤ ᠪᠠᠢᠲᠠᠯ᠎ᠠ ᠭᠠᠳᠠᠨ᠎ᠠ ᠳᠣᠬᠢᠶ᠎ᠠ ᠴᠣᠬᠢᠵᠤ ᠠᠯᠲᠠᠨᠱᠠᠭ᠎ᠠ ᠶ᠋ᠢ ᠵᠠᠯᠠᠬᠤᠢ ᠳ᠋ᠤᠷ ᠠᠯᠲᠠᠨᠱᠠᠭ᠎ᠠ ᠬᠡᠦᠬᠡᠳ ᠭᠠᠷᠭᠠᠵᠤ ᠤᠴᠢᠷ ᠢ᠋ ᠲᠤᠷᠰᠢᠭᠤᠯᠪᠠᠰᠤ᠂ ᠢᠳᠡᠷ ᠳᠣᠪᠣ ᠠᠯᠲᠠᠨᠱᠠᠭ᠎ᠠ ᠶ᠋ᠢ ᠪᠠᠭ᠎ᠠ ᠡᠮ᠎ᠡ ᠠᠪᠴᠤ ᠰᠣᠯᠤᠩᠭᠤᠸ᠎ᠠ ᠶ᠋ᠢᠨ ᠵᠢᠷᠤᠮ ᠢ᠋ ᠤᠮᠠᠷᠲᠠᠪᠠ ᠭᠡᠮᠡᠨ ᠰᠣᠨᠣᠰᠴᠤ ᠵᠢᠷᠤᠮ ᠤ᠋ᠨ ᠠᠭᠤᠷ ᠡᠭᠦᠯᠡᠨ᠎ᠡ ᠲᠤᠯᠲᠠᠯ᠎ᠠ ᠮᠠᠨᠳᠤᠵᠤ᠂ ᠶᠠᠭᠠᠷᠠᠨ ᠲᠥᠷᠥ ᠳ᠋ᠦ᠍ᠷ ᠭᠠᠷᠴᠤ ᠠᠯᠲᠠᠨᠱᠠᠭ᠎ᠠ ᠯᠤᠭ᠎ᠠ ᠬᠡᠷᠡᠯᠳᠦᠷ᠎ᠡ ᠢᠷᠡᠭᠰᠡᠨ ᠠᠵᠤᠭᠤ᠃ 
       ᠲᠡᠳᠦᠢ ᠠᠯᠲᠠᠨᠱᠠᠭ᠎ᠠ ᠤᠴᠢᠷ ᠢ᠋ ᠮᠡᠳᠡᠵᠦ ᠰᠣᠯᠤᠩᠭᠤᠸ᠎ᠠ ᠶ᠋ᠢᠨ ᠵᠦᠭ ᠥᠭᠦᠯᠡᠷᠦᠨ᠄《 ᠶᠠᠮᠪᠠᠷ ᠪᠣᠢ !ᠦᠵᠡᠲᠡᠯ᠎ᠡ ᠪᠠᠷᠠᠭᠤᠨ ᠮᠥᠷᠥ ᠶ᠋ᠢᠨ ᠶᠡᠬᠡ ᠵᠠᠩᠵᠤᠨ ᠢᠳᠡᠷ ᠳᠣᠪᠣ ᠨᠠᠮᠠᠶ᠋ᠢ ᠪᠤᠷᠤᠭᠤᠰᠢᠶᠠᠷ᠎ᠠ ᠢᠷᠡᠪᠡ !》ᠬᠡᠮᠡᠭᠰᠡᠨ ᠳ᠋ᠦ᠍ᠷ ᠰᠣᠯᠤᠩᠭᠤᠸ᠎ᠠ ᠢᠨᠢᠶᠡᠨ ᠥᠭᠦᠯᠡᠷᠦᠨ᠄《 ᠡᠨᠡ ᠢᠨᠤ ᠮᠢᠨᠦ ᠰᠠᠨᠠᠭᠠᠨ ᠳ᠋ᠤᠷ ᠨᠡᠢᠴᠡᠪᠡ ! 》ᠭᠡᠮᠡᠨ ᠳᠠᠷᠤᠢ ᠥᠪᠡᠷ ᠢ᠋ᠶ᠋ᠡᠨ ᠭᠠᠳᠠᠭᠠᠳᠤ ᠬᠠᠷᠰᠢ ᠳ᠋ᠤᠷ ᠭᠠᠷᠴᠤ ᠳᠣᠬᠢᠶ᠎ᠠ ᠴᠣᠬᠢᠭᠤᠯᠤᠨ ᠲᠥᠷᠥ ᠶ᠋ᠢᠨ ᠣᠯᠠᠨ ᠲᠦᠰᠢᠮᠡᠳ ᠢ᠋ ᠳᠣᠲᠣᠭᠠᠳᠤ ᠣᠷᠳᠣᠨ ᠳ᠋ᠤᠷ ᠣᠷᠣᠭᠤᠯᠵᠤ᠂ ᠥᠪᠡᠷ ᠢ᠋ᠶ᠋ᠡᠨ ᠨᠢᠭᠤᠷ ᠤᠴᠠᠷᠠᠵᠤ ᠥᠪᠡᠷ ᠦ᠋ᠨ ᠦᠨᠡᠨ ᠰᠠᠨᠠᠭᠠᠨ ᠢ᠋ᠶ᠋ᠠᠨ ᠠᠯᠲᠠᠨᠱᠠᠭ᠎ᠠ ᠳ᠋ᠤᠷ ᠬᠡᠯᠡᠭᠰᠡᠨ ᠶᠣᠰᠣᠭᠠᠷ ᠨᠢᠭᠡᠨ ᠵᠡᠷᠭᠡ ᠬᠡᠯᠡᠵᠦ ᠥᠭᠦᠯᠡᠷᠦᠨ᠄《 ᠣᠯᠠᠨ ᠲᠦᠰᠢᠮᠡᠳ ᠲᠠ ᠡᠭᠦᠨ ᠦ᠌ ᠮᠠᠭᠤ ᠶ᠋ᠢ ᠮᠢᠨᠦ ᠨᠥᠬᠥᠷ ᠡᠵᠡᠨ ᠡᠴᠡ ᠡᠷᠢᠵᠦ ᠦᠯᠦ ᠪᠣᠯᠤᠮᠤᠢ !》 ᠭᠡᠮᠡᠨ ᠠᠯᠲᠠᠨᠱᠠᠭ᠎ᠠ ᠶ᠋ᠢᠨ ᠭᠤᠷᠪᠠᠨ ᠦᠯᠦ ᠪᠣᠯᠬᠤ ᠦᠭᠡ ᠶ᠋ᠢ ᠴᠥᠮ ᠬᠡᠯᠡᠵᠦ᠂ ᠵᠢᠴᠢ ᠥᠪᠡᠷ ᠦ᠋ᠨ ᠭᠤᠷᠪᠠᠨ ᠵᠦᠢᠯ ᠦ᠋ᠨ ᠤᠴᠢᠷ ᠢ᠋ᠶ᠋ᠠᠨ ᠬᠡᠯᠡᠵᠦ ᠭᠠᠷᠭᠠᠭᠰᠠᠨ᠎ᠠ ᠣᠯᠠᠨ ᠲᠦᠰᠢᠮᠡᠳ ᠴᠢᠩᠨᠠᠭᠰᠠᠭᠠᠷ ᠰᠣᠯᠤᠩᠭᠤᠸ᠎ᠠ ᠶ᠋ᠢᠨ ᠠᠭᠤᠳᠠᠮ ᠡᠷᠳᠡᠮ ᠢ᠋ ᠪᠢᠰᠢᠷᠡᠨ ᠢᠳᠡᠷ ᠳᠣᠪᠣ ᠶᠠᠭᠠᠷᠠᠨ ᠤᠷᠢᠳᠠ ᠰᠥᠭᠥᠳᠴᠦ ᠮᠥᠷᠭᠥᠵᠦ ᠥᠭᠦᠯᠡᠷᠦᠨ᠄《 ᠮᠠᠨ ᠤ᠋ ᠨᠠᠢ᠍ᠮᠠᠨ ᠠᠢᠮᠠᠭ ᠲᠤᠷ ᠦᠨᠡᠬᠡᠷ ᠶᠡᠬᠡ ᠮᠡᠷᠭᠡᠨ ᠬᠠᠲᠤᠨ ᠢ᠋ ᠣᠯᠪᠠ ! 》ᠭᠡᠮᠡᠨ ᠣᠯᠠᠨ ᠢ᠋ᠶ᠋ᠠᠷ ᠮᠥᠷᠭᠥᠵᠦ ᠭᠠᠷᠬᠤᠶ᠎ᠠ ᠰᠣᠯᠤᠩᠭᠤᠸ᠎ᠠ ᠥᠭᠦᠯᠡᠷᠦᠨ᠄《 ᠡᠨᠡ ᠪᠠᠰᠠ ᠦᠯᠦ ᠪᠣᠯᠬᠤ᠂ ᠪᠢ ᠳᠠᠷᠤᠢ ᠪᠠᠯᠭᠤ ᠬᠣᠷᠣᠭᠠᠨ᠎ᠠ ᠡᠴᠢᠵᠦ ᠡᠵᠡᠨ ᠡᠴᠢᠭᠡ ᠡᠬᠡ ᠬᠠᠳᠤᠨ᠎ᠠ ᠤᠴᠢᠷ ᠢ᠋ ᠮᠡᠳᠡᠭᠦᠯᠦᠮᠦᠢ᠂ ᠲᠠ ᠳᠠᠭᠠᠬᠤ ᠪᠠᠨ ᠪᠡᠯᠡᠳᠭᠡ 》ᠬᠡᠮᠡᠪᠡ᠃ ᠲᠡᠳᠦᠢ ᠡᠭᠡᠵᠦ ᠣᠷᠣᠭᠠᠳ ᠬᠡᠳᠦᠨ ᠡᠳᠦᠷ ᠬᠤᠷᠢᠮᠯᠠᠨ ᠵᠢᠷᠭᠠᠵᠤ᠂ ᠳᠠᠷᠤᠢ ᠢᠳᠡᠷ ᠳᠣᠪᠣ᠂ ᠰᠥᠷᠦᠯᠬᠡᠭ ᠨᠠᠷ ᠢ᠋ ᠵᠢᠭᠰᠠᠭᠠᠯ ᠵᠢᠭᠰᠠᠭᠠᠯᠭᠠᠨ ᠰᠠᠢᠬᠠᠨ ᠬᠦᠷᠢ ᠶ᠋ᠢ ᠠᠪᠴᠤ ᠪᠠᠯᠭᠤ ᠬᠣᠷᠣᠭᠠᠨ ᠳ᠋ᠤᠷ ᠢᠷᠡᠵᠦ ᠲᠠᠢᠽᠦ ᠪᠠ ᠵᠦᠰᠦᠨ ᠬᠠᠲᠤᠨ ᠳ᠋ᠤᠷ ᠮᠥᠷᠭᠥᠨ ᠵᠤᠯᠭᠤᠵᠤ ᠮᠡᠳᠡᠭᠦᠯᠦᠷᠦᠨ᠄ 《 ᠥᠴᠦᠬᠡᠨ ᠠᠯᠪᠠᠲᠤ ᠪᠢᠳᠡᠨ ᠦ᠌ ᠨᠥᠬᠥᠷ ᠡᠮ᠎ᠡ ᠡᠵᠡᠨ ᠦ᠌ ᠬᠡᠰᠢᠭ ᠲᠣᠷ ᠠᠮᠤᠷ ᠰᠤᠯᠠ ᠵᠢᠷᠭᠠᠵᠤ᠂ ᠴᠣᠭᠣᠨᠳᠠᠢ ᠠᠭᠤᠯᠠᠨ᠎ᠠ ᠠᠪᠠᠯᠠᠵᠤ ᠪᠦᠬᠦᠢ ᠳ᠋ᠦ᠍ᠷ ᠵᠣᠪᠠᠯᠠᠩ ᠠ᠋ᠴᠠ ᠵᠠᠢᠯᠠᠭᠰᠠᠨ ᠨᠢᠭᠡᠨ ᠥᠬᠢᠨ ᠢ᠋ ᠣᠯᠪᠠ᠂ ᠠᠯᠪᠠᠲᠤ ᠥᠬᠢᠨ ᠤᠭ ᠠ᠋ᠴᠠ ᠨᠥᠬᠥᠷ ᠠᠯᠲᠠᠨᠱᠠᠭ᠎ᠠ ᠶ᠋ᠢᠨ ᠵᠢᠷᠤᠮ ᠰᠠᠨᠠᠭᠠᠨ ᠤ᠋ ᠭᠦᠨ᠎ᠡ ᠳ᠋ᠦ᠍ᠷ ᠬᠠᠷᠢᠭᠤᠯᠠᠬᠤ ᠭᠠᠵᠠᠷ ᠦᠭᠡᠢ ᠲᠤᠯᠠ ᠳᠣᠣᠷ᠎ᠠ ᠪᠠᠨ ᠪᠠᠰᠠ ᠭᠤᠸ᠎ᠠ ᠦᠵᠡᠰᠬᠦᠯᠡᠩ ᠰᠡᠴᠡᠨ ᠮᠡᠷᠭᠡᠨ ᠬᠣᠣᠰ ᠪᠦᠷᠢᠳᠦᠭᠰᠡᠨ ᠨᠢᠭᠡᠨ ᠢ᠋ ᠠᠪᠴᠤ ᠥᠭᠭᠦᠨ᠂ ᠲᠡᠷᠢᠭᠦᠨ ᠳ᠋ᠦ᠍ᠷ ᠵᠢᠷᠤᠮᠲᠤ ᠡᠷ᠎ᠡ ᠶ᠋ᠢᠨ ᠠᠴᠢ ᠳ᠋ᠤᠷ ᠬᠠᠷᠢᠭᠤᠯᠠᠰᠤᠭᠠᠢ᠃ ᠬᠣᠶᠠᠷ ᠲᠤᠷ ᠠᠯᠪᠠᠲᠤ ᠥᠬᠢᠨ ᠥᠪᠡᠷ ᠦ᠋ᠨ ᠰᠠᠢᠨ ᠢ᠋ᠶ᠋ᠠᠨ ᠣᠯᠠᠨ ᠳ᠋ᠤᠷ ᠮᠡᠳᠡᠭᠳᠡᠶ᠎ᠡ ᠭᠡᠮᠡᠨ ᠬᠠᠷᠠᠬᠠᠨ ᠡᠷᠢᠬᠦᠢ ᠳ᠋ᠦ᠍ᠷ ᠡᠨᠡ ᠥᠬᠢᠨ ᠢ᠋ ᠣᠯᠤᠭᠠᠳ ᠶᠡᠬᠡᠯ᠎ᠡ ᠪᠠᠶᠠᠷᠯᠠᠨ ᠡᠷ᠎ᠡ ᠠᠯᠲᠠᠨᠱᠠᠭ᠎ᠠ ᠳ᠋ᠤᠷ ᠠᠪᠴᠤ ᠦᠭᠪᠡᠰᠦ ᠲᠡᠷᠡ ᠦᠯᠦ ᠪᠤᠯᠬᠤᠢ ᠳ᠋ᠤᠷ ᠠᠯᠪᠠᠲᠤ ᠥᠬᠢᠨ ᠠᠷᠢᠬᠢ ᠤᠤᠭᠤᠯᠭᠠᠨ ᠰᠣᠭᠲᠣᠭᠠᠵᠤ ᠤᠮᠳᠠᠭ᠎ᠠ ᠪᠠᠷ ᠬᠣᠯᠪᠣᠵᠤ ᠶᠣᠰᠣᠨ ᠢ᠋ ᠲᠡᠭᠦᠰᠬᠡᠯᠭᠡᠵᠦ᠂ ᠵᠢᠴᠢ ᠡᠳᠦᠷ ᠶᠣᠰᠣ ᠲᠡᠭᠦᠰᠦᠭᠡᠳ ᠪᠠᠰᠠ ᠲᠡᠭᠦᠨ ᠡᠴᠡ ᠬᠢᠨᠠᠨ ᠠᠰᠠᠭᠤᠪᠠᠰᠤ ᠡᠨᠡ ᠥᠬᠢᠨ ᠦᠵᠡᠰᠡ ᠭᠣᠷᠯᠣᠰ ᠤ᠋ᠨ ᠨᠠᠷᠠᠨ ᠰᠠᠢᠳ ᠤ᠋ᠨ ᠰᠤᠯᠠ ᠡᠬᠡᠨᠡᠷ᠂ ᠡᠵᠡᠨ ᠠᠮᠢᠨ ᠢ᠋ ᠬᠡᠯᠲᠦᠷᠢᠭᠦᠯᠵᠦ ᠬᠠᠷ᠎ᠠ ᠬᠢᠭᠦᠯ ᠦ᠋ᠨ ᠲᠤᠰᠢᠶᠠᠯ ᠳ᠋ᠤᠷ ᠢᠯᠡᠭᠡᠭᠰᠡᠨ ᠳ᠋ᠦ᠍ᠷ ᠲᠡᠷᠡ ᠪᠤᠰᠤ ᠡᠮᠡᠰ ᠦ᠋ᠨ ᠢ᠋ᠶ᠋ᠡᠨ ᠮᠠᠭᠤ ᠦᠭᠡ ᠶ᠋ᠢ ᠰᠣᠨᠣᠰᠴᠤ ᠨᠢᠭᠡᠨ ᠭᠢᠨᠳᠠᠨ ᠳ᠋ᠤᠷ ᠵᠣᠪᠠᠯᠠᠩ ᠢ᠋ ᠬᠠᠮᠲᠤᠳᠬᠠᠭᠰᠠᠨ ᠡᠨᠡ ᠡᠮ᠎ᠡ ᠪᠡᠨ ᠠᠯᠠᠬᠤᠶ᠎ᠠ ᠵᠠᠪᠳᠤᠭᠰᠠᠨ ᠳ᠋ᠤᠷ ᠡᠨᠡ ᠰᠠᠢᠬᠠᠨ ᠬᠦᠷᠢ ᠳᠤᠲᠠᠭᠠᠨ ᠭᠠᠷᠴᠤ ᠪᠠᠰᠠ ᠨᠡᠬᠡᠵᠦ ᠠᠯᠠᠬᠤ ᠠ᠋ᠴᠠ ᠠᠶᠤᠵᠤ ᠥᠬᠢᠨ ᠳᠦᠷᠢ ᠪᠡᠷ ᠴᠢᠮᠡᠵᠦ ᠶᠠᠪᠤᠬᠤᠢ ᠳ᠋ᠤᠷ ᠮᠠᠨ ᠳ᠋ᠤᠷ ᠤᠴᠠᠷᠠᠵᠤ ᠬᠡᠵᠢᠶ᠎ᠡ ᠶᠡᠬᠡ ᠶᠣᠰᠣ ᠲᠡᠭᠦᠰᠦᠭᠰᠡᠨ ᠬᠣᠢᠨ᠎ᠠ ᠰᠠᠢ ᠤᠴᠢᠷ ᠢ᠋ ᠣᠯᠪᠠ᠃ ᠲᠡᠢᠨ ᠬᠦ᠌ ᠮᠢᠨᠦ ᠨᠥᠬᠥᠷ ᠡᠵᠡᠨ ᠦ᠌  ᠶᠠᠯ᠎ᠠ ᠠ᠋ᠴᠠ ᠠᠶᠤᠵᠤ ᠮᠡᠳᠡᠭᠦᠯᠦᠷ᠎ᠡ ᠢᠷᠡᠬᠦᠶ᠎ᠡ᠂ ᠵᠠᠮ ᠳ᠋ᠤᠷ ᠡᠪᠡᠳᠴᠢᠨ ᠣᠯᠵᠤ ᠡᠭᠡᠭᠰᠡᠨ ᠲᠤᠯᠠ ᠠᠯᠪᠠᠲᠤ ᠥᠬᠢᠨ ᠲᠡᠭᠦᠨ ᠦ᠌ ᠲᠥᠯᠥᠭᠡ ᠢᠷᠡᠵᠦ ᠶᠠᠯ᠎ᠠ ᠬᠦᠯᠢᠶᠡᠮᠦᠢ᠃ ᠬᠡᠳᠦᠢ ᠭᠣᠷᠯᠣᠰ ᠤ᠋ᠨ ᠨᠠᠷᠠᠨ ᠰᠠᠢᠳ ᠵᠢᠷᠤᠮ ᠦᠭᠡᠢ᠂ ᠵᠣᠪᠠᠯᠠᠩ ᠢ᠋ ᠬᠠᠮᠲᠤᠳᠬᠠᠭᠰᠠᠨ ᠡᠮ᠎ᠡ ᠪᠡᠨ ᠠᠯᠠᠬᠤ ᠳ᠋ᠤᠷ ᠬᠦᠷᠴᠦ ᠤᠷᠭᠤᠨ ᠭᠠᠷᠤᠭᠰᠠᠨ ᠪᠣᠯᠪᠠᠴᠤ ᠡᠳᠦᠭᠡ ᠤᠴᠢᠷ ᠢ᠋ ᠮᠡᠳᠡᠵᠦ ᠪᠠᠢᠭᠠᠳ ᠡᠰᠡ ᠲᠣᠳᠣᠷᠬᠠᠢᠯᠠᠨ ᠮᠡᠳᠡᠭᠦᠯᠪᠡᠰᠦ ᠳᠠᠪᠬᠤᠷ ᠶᠠᠯ᠎ᠠ ᠪᠣᠯᠬᠤ ᠲᠤᠯᠠ ᠠᠷᠭ᠎ᠠ ᠦᠭᠡᠢ ᠲᠣᠳᠣᠷᠬᠠᠢᠯᠠᠨ ᠮᠡᠳᠡᠭᠦᠯᠵᠦ ᠵᠠᠬᠢᠶ᠎ᠠ ᠬᠦᠯᠢᠶᠡᠮᠦᠢ !》ᠬᠡᠮᠡᠬᠦᠢ ᠳ᠋ᠦ᠍ᠷ ᠲᠠᠢᠽᠦ ᠤᠴᠢᠷ ᠢ᠋ ᠰᠣᠨᠣᠰᠴᠤ ᠵᠠᠬᠢᠷᠤᠨ᠄《 ᠭᠣᠷᠯᠣᠰ ᠤ᠋ᠨ ᠨᠠᠷᠠᠨ ᠡᠮ᠎ᠡ ᠪᠡᠨ ᠠᠯᠠᠬᠤ ᠠᠨᠤ ᠨᠡᠢᠴᠡᠬᠦ ᠦᠭᠡᠢ ᠬᠡᠮᠡᠬᠦᠯ᠎ᠡ᠂ ᠰᠠᠢᠬᠠᠨ ᠬᠦᠷᠢ ᠥᠪᠡᠷ ᠡᠷ᠎ᠡ ᠳ᠋ᠦ᠍ᠷ ᠭᠠᠷᠬᠤ ᠠᠨᠤ ᠪᠠᠰᠠ ᠡᠰᠡ ᠨᠡᠢᠯᠡᠵᠡᠬᠦᠢ᠃ ᠲᠡᠢᠨ ᠬᠦ᠌ ᠬᠣᠶᠠᠷ ᠡᠲᠡᠭᠡᠳ ᠲᠣᠷ ᠴᠥᠮ ᠨᠠᠢᠷ ᠵᠢᠷᠤᠮ ᠦᠭᠡᠢ ᠶ᠋ᠢᠨ ᠶᠠᠯ᠎ᠠ ᠬᠢᠵᠦ ᠲᠣᠷᠭᠠᠨ ᠵᠠᠯᠬᠠᠭ᠎ᠠ!》ᠭᠡᠮᠡᠨ ᠪᠤᠭᠤᠷᠵᠢ ᠳ᠋ᠤᠷ ᠲᠤᠰᠢᠶᠠᠨ ᠭᠠᠷᠭᠠᠪᠠ᠃ ᠳᠠᠭᠠᠯᠳᠤᠭ᠎ᠠ ᠪᠤᠭᠤᠷᠵᠢ ᠨᠠᠷᠠᠨ ᠰᠠᠢᠳ ᠪᠠ ᠰᠠᠢᠬᠠᠨ ᠬᠦᠷᠢ ᠬᠣᠶᠠᠷ ᠢ᠋ ᠬᠢᠨᠠᠨ ᠪᠠᠢᠴᠠᠭᠠᠵᠤ ᠦᠨᠡᠨ ᠤᠴᠢᠷ ᠢ᠋ ᠣᠯᠵᠤ ᠳᠠᠷᠤᠢ᠄《 ᠨᠠᠷᠠᠨ ᠰᠠᠢᠳ ᠢ᠋ ᠡᠨᠡ ᠠᠮᠠᠷᠠᠭ ᠲᠤᠷ ᠵᠢᠷᠤᠮ ᠦᠭᠡᠢ᠂ ᠬᠥᠮᠦᠨ ᠦ᠌ ᠬᠡᠯᠬᠢᠶ᠎ᠡ ᠶ᠋ᠢ ᠦᠲᠡᠭᠡᠷᠪᠡ ᠭᠡᠮᠡᠨ ᠨᠢᠭᠡᠨ ᠵᠠᠭᠤᠨ ᠬᠣᠨᠢ ᠲᠣᠷᠭᠠᠵᠤ᠂ ᠬᠠᠷᠠᠭᠤᠯ ᠤ᠋ᠨ ᠴᠡᠷᠢᠭ ᠲᠦ᠍ᠷ ᠲᠦᠭᠡᠭᠡᠯᠭᠡᠵᠦ᠂ ᠰᠠᠢᠬᠠᠨ ᠬᠦᠷᠢ ᠬᠡᠳᠦᠢ ᠵᠠᠨᠴᠢᠭᠳᠠᠭᠰᠠᠨ ᠭᠡᠪᠡᠴᠦ ᠡᠭᠡᠨᠡᠭᠲᠡ ᠵᠣᠷᠢᠭᠲᠤ ᠡᠬᠡᠨᠡᠷ ᠪᠤᠰᠤ ᠲᠤᠯᠠ ᠤᠭ ᠡᠷ᠎ᠡ ᠳ᠋ᠦ᠍ᠷ ᠢᠨᠤ ᠲᠤᠰᠢᠶᠠᠨ ᠥᠭᠰᠦᠭᠡᠢ᠂ ᠭᠠᠭᠴᠠ ᠨᠠᠷᠠᠨ ᠰᠠᠢᠳ ᠤᠴᠢᠷ ᠦᠭᠡᠢ ᠵᠣᠪᠠᠭᠠᠬᠤ ᠪᠠ ᠠᠯᠠᠵᠤ ᠪᠣᠯᠬᠤ ᠦᠭᠡᠢ !》ᠭᠡᠮᠡᠨ ᠲᠣᠭᠲᠠᠭᠠᠵᠤ᠂ ᠨᠠᠷᠠᠨ ᠰᠠᠢᠳ ᠪᠠ ᠰᠠᠢᠬᠠᠨ ᠬᠦᠷᠢ ᠶ᠋ᠢ ᠵᠡᠷᠭᠡᠴᠡᠭᠦᠯᠵᠦ ᠬᠣᠶᠠᠭᠤᠯᠠ ᠶ᠋ᠢᠨ ᠳᠤᠷ᠎ᠠ ᠶ᠋ᠢ ᠠᠰᠠᠭᠤᠭᠰᠠᠨ ᠳ᠋ᠤᠷ ᠨᠠᠷᠠᠨ ᠰᠠᠢᠳ ᠮᠡᠳᠡᠭᠦᠯᠦᠷᠦᠨ᠄《 ᠪᠢ ᠨᠢᠭᠡᠨᠲᠡ ᠡᠭᠦᠨ ᠢ᠋ ᠠᠯᠠᠵᠤ ᠡᠰᠡ ᠴᠢᠳᠠᠨ ᠡᠨᠡ ᠬᠠᠷᠢᠨ ᠵᠠᠪᠳᠤᠵᠤ ᠡᠷ᠎ᠡ ᠣᠯᠤᠭᠰᠠᠨ ᠲᠤᠯᠠ ᠡᠳᠦᠭᠡ ᠨᠠᠳᠠ ᠳ᠋ᠤᠷ ᠲᠤᠰᠢᠶᠠᠪᠠᠴᠤ ᠪᠢ ᠪᠠᠰᠠ ᠲᠡᠭᠦᠨ ᠢ᠋ ᠠᠯᠠᠵᠤ ᠴᠢᠳᠠᠬᠤ ᠦᠭᠡᠢ᠂ ᠬᠡᠷᠪᠡ ᠬᠠᠮᠲᠤ ᠠᠮᠢᠳᠤᠷᠠᠨ ᠭᠡᠨᠡᠳᠲᠡ ᠡᠨᠳᠡᠭᠦᠷᠡᠨ ᠵᠠᠨᠴᠢᠪᠠᠰᠤ ᠪᠠᠰᠠ ᠡᠵᠡᠨ ᠦ᠌ ᠴᠠᠭᠠᠵᠠ ᠠ᠋ᠴᠠ ᠬᠠᠷᠰᠢᠬᠤ ᠠ᠋ᠴᠠ ᠠᠶᠤᠮᠤᠢ᠂ ᠪᠢ ᠬᠦᠯᠢᠶᠡᠨ ᠠᠪᠬᠤ ᠶ᠋ᠢ ᠪᠠᠢᠰᠤᠭᠠᠢ᠃ ᠣᠯᠳᠠᠬᠤᠯ᠎ᠠ ᠮᠢᠨᠦ ᠬᠡᠯᠬᠢᠶ᠎ᠡ ᠦᠭᠡᠢ ᠲᠣᠷᠭᠠᠭᠤᠯᠢ ᠶ᠋ᠢ ᠲᠡᠷᠡ ᠵᠢᠷᠤᠮ ᠦᠭᠡᠢ ᠡᠬᠡᠨᠡᠷ ᠢ᠋ᠶ᠋ᠡᠷ ᠭᠠᠷᠭᠠᠯᠭᠠᠵᠤ᠂ ᠲᠡᠭᠦᠨ ᠦ᠌ ᠵᠣᠷᠢᠭ ᠢ᠋ᠶ᠋ᠠᠷ ᠪᠣᠯᠲᠤᠭᠠᠢ !》ᠬᠡᠮᠡᠭᠰᠡᠨ ᠳ᠋ᠦ᠍ᠷ ᠪᠤᠭᠤᠷᠵᠢ ᠶᠡᠬᠡᠯ᠎ᠡ ᠪᠠᠶᠠᠷᠯᠠᠵᠤ᠄《 ᠡᠨᠡ ᠮᠠᠰᠢ ᠵᠦᠢ !》 ᠬᠡᠮᠡᠭᠡᠳ ᠳᠠᠷᠤᠢ ᠨᠠᠷᠠᠨ ᠰᠠᠢᠳ ᠤ᠋ᠨ ᠵᠠᠭᠤᠨ ᠬᠣᠨᠢᠨ ᠤ᠋ ᠲᠣᠷᠭᠠᠭᠤᠯᠢ ᠶ᠋ᠢ ᠭᠡᠭᠡᠵᠦ ᠥᠭᠭᠦᠭᠰᠡᠨ ᠡᠮ᠎ᠡ ᠰᠠᠢᠬᠠᠨ ᠬᠦᠷᠢ ᠳ᠋ᠦ᠍ᠷ ᠨᠥᠮᠥᠷᠭᠡᠵᠦ᠂ ᠪᠠᠰᠠ ᠠᠯᠲᠠᠨᠱᠠᠭ᠎ᠠ ᠰᠣᠯᠤᠩᠭᠤᠸ᠎ᠠ ᠬᠣᠶᠠᠭᠤᠯᠠ ᠬᠢᠨᠠᠯ ᠦᠭᠡᠢ ᠡᠷ᠎ᠡ ᠲᠡᠢ ᠡᠮ᠎ᠡ ᠶ᠋ᠢ ᠠᠪᠤᠭᠰᠠᠨ ᠡᠰᠡ ᠨᠡᠢᠴᠡᠭᠰᠡᠨ ᠲᠤᠯᠠ ᠰᠠᠢᠬᠠᠨ ᠬᠦᠷᠢ ᠶ᠋ᠢᠨ ᠵᠠᠭᠤᠨ ᠬᠣᠨᠢ ᠶ᠋ᠢ ᠠᠯᠲᠠᠨᠱᠠᠭ᠎ᠠ᠂ ᠰᠣᠯᠤᠩᠭᠤᠸ᠎ᠠ ᠬᠣᠶᠠᠭᠤᠯᠠ ᠪᠠᠷ ᠭᠠᠷᠭᠠᠯᠭᠠᠵᠤ᠂ ᠪᠠᠰᠠ ᠬᠥᠮᠦᠨ ᠢ᠋ ᠲᠠ ᠣᠯᠬᠤ ᠲᠤᠯᠠ ᠵᠠᠭᠤᠨ ᠬᠣᠨᠢᠨ ᠤ᠋ ᠳᠡᠭᠡᠷ᠎ᠡ ᠪᠠᠰᠠ ᠵᠠᠭᠤᠨ ᠬᠣᠨᠢ ᠭᠠᠷᠭᠠᠵᠤ᠂ ᠨᠠᠷᠠᠨ ᠰᠠᠢᠳ ᠤ᠋ᠨ ᠳᠣᠣᠷᠠᠲᠤ ᠬᠠᠷᠠᠭᠤᠯ ᠤ᠋ᠨ ᠴᠡᠷᠢᠭ ᠲᠦ᠍ᠷ ᠱᠠᠩᠨᠠ ᠭᠡᠮᠡᠨ ᠳᠥᠷᠪᠡᠨ ᠬᠥᠮᠦᠨ ᠦ᠌ ᠶᠠᠯ᠎ᠠ ᠶ᠋ᠢ ᠬᠡᠮᠨᠡᠨ ᠲᠣᠭᠲᠠᠭᠠᠵᠤ᠂ ᠲᠠᠢᠽᠦ ᠳ᠋ᠦ᠍ᠷ ᠡᠷᠭᠦᠨ ᠮᠡᠳᠡᠭᠦᠯᠵᠦ᠂ ᠰᠢᠳᠬᠡᠭᠰᠡᠨ ᠶᠣᠰᠣᠭᠠᠷ ᠲᠣᠭᠲᠠᠭᠠᠭᠰᠠᠨ ᠳ᠋ᠤᠷ ᠳᠠᠷᠤᠢ ᠨᠡᠢᠭᠡᠮ ᠲᠤᠩᠬᠠᠭᠯᠠᠨ ᠵᠠᠷᠯᠠᠪᠠ᠃  
       ᠲᠡᠳᠦᠢ ᠰᠤᠯᠤᠩᠭᠤᠸ᠎ᠠ ᠶ᠋ᠢᠨ ᠡᠷᠳᠡᠮ ᠢ᠋ ᠶᠡᠬᠡ ᠤᠯᠤᠰ ᠤ᠋ᠨ ᠬᠣᠲᠠᠯᠠᠭᠠᠷ ᠭᠠᠢᠬᠠᠯᠳᠤᠪᠠ᠃ ᠰᠣᠯᠤᠩᠭᠤᠸ᠎ᠠ ᠵᠦᠰᠦᠨ ᠬᠠᠲᠤᠨ ᠳ᠋ᠤᠷ ᠵᠣᠯᠭᠠᠵᠤ ᠰᠠᠢᠬᠠᠨ ᠬᠦᠷᠢ ᠶ᠋ᠢ ᠵᠣᠯᠭᠠᠭᠤᠯᠤᠨ ᠮᠥᠷᠭᠥᠭᠦᠯᠵᠦ᠂ ᠶᠢᠰᠦᠨ ᠦᠵᠡᠰᠬᠦᠯᠡᠩ ᠡᠬᠡᠨᠡᠷ ᠰᠠᠢᠳ ᠤ᠋ᠨ ᠲᠣᠭᠠᠨ ᠳ᠋ᠤᠷ ᠣᠷᠣᠭᠤᠯᠵᠤ ᠴᠣᠯᠠ ᠬᠠᠢᠷᠠᠯᠠᠮᠤ ᠭᠡᠮᠡᠨ ᠮᠡᠳᠡᠭᠦᠯᠬᠦᠢ ᠳ᠋ᠦ᠍ᠷ ᠵᠦᠰᠦᠨ ᠬᠠᠲᠤᠨ ᠮᠦᠰᠢᠶᠡᠨ ᠥᠴᠢᠷᠦᠨ᠄《 ᠲᠡᠷᠡ ᠰᠠᠢᠬᠠᠨ ᠬᠦᠷᠢ ᠶ᠋ᠢᠨ ᠵᠢᠰᠦ ᠥᠩᠭᠡ ᠦᠵᠡᠰᠬᠦᠯᠡᠩ ᠪᠣᠯᠪᠠᠴᠤ ᠵᠢᠷᠦᠬᠡ ᠢᠨᠤ ᠦᠨᠡᠨᠴᠢ ᠦᠭᠡᠢ᠂ ᠮᠢᠨᠦ ᠶᠢᠰᠦᠨ ᠦᠵᠡᠰᠬᠦᠯᠡᠩ ᠰᠡᠴᠡᠨ ᠡᠬᠡᠨᠡᠷ ᠰᠠᠢᠳ ᠲᠤᠷ ᠣᠷᠣᠵᠤ ᠦᠯᠦ ᠪᠣᠯᠤᠮᠤᠢ᠃ ᠮᠢᠨᠦ ᠰᠠᠢᠰᠢᠶᠠᠯ ᠢ᠋ ᠣᠯᠤᠭᠰᠠᠨ ᠶᠢᠰᠦᠨ ᠡᠬᠡᠨᠡᠷ ᠰᠠᠢᠳ ᠬᠡᠮᠡᠭᠴᠢ ᠡᠬᠡᠨᠡᠷ ᠦ᠋ᠨ ᠶᠣᠰᠣ ᠰᠠᠬᠢᠯ ᠢ᠋ ᠡᠰᠡ ᠠᠯᠳᠠᠭᠰᠠᠨ ᠠᠷᠠᠳ᠂ ᠡᠨᠡ ᠰᠠᠢᠬᠠᠨ ᠬᠦᠷᠢ ᠬᠡᠮᠡᠭᠴᠢ ᠡᠬᠡᠨᠡᠷ ᠬᠥᠮᠦᠨ ᠦ᠌ ᠶᠣᠰᠣ ᠰᠠᠬᠢᠯ ᠤ᠋ᠨ ᠲᠡᠷᠢᠭᠦᠨ ᠨᠢᠭᠡᠨ ᠢ᠋ ᠠᠯᠳᠠᠭᠰᠠᠨ ᠡᠬᠡᠨᠡᠷ᠂ ᠬᠡᠷᠬᠢᠨ ᠮᠢᠨᠦ ᠰᠠᠢᠰᠢᠶᠠᠯ ᠴᠣᠯᠠ ᠳ᠋ᠤᠷ ᠬᠦᠷᠲᠡᠵᠦ ᠪᠣᠯᠬᠤ ? ᠬᠣᠭᠣᠰᠣᠨ ᠴᠢᠨᠦ ᠰᠡᠳᠬᠢᠯ ᠢ᠋ ᠪᠣᠳᠣᠵᠤ ᠪᠢ ᠪᠤᠰᠤ ᠵᠦᠢᠯ ᠢ᠋ᠶ᠋ᠡᠷ ᠥᠷᠥᠰᠢᠶᠡᠰᠦᠭᠡᠢ !》ᠭᠡᠮᠡᠨ ᠰᠣᠯᠤᠩᠭᠤᠸ᠎ᠠ ᠶ᠋ᠢ ᠠᠭᠤᠳᠠᠮ ᠮᠡᠷᠭᠡᠨ ᠭᠡᠮᠡᠨ ᠮᠠᠯᠠᠭ᠎ᠠ ᠬᠣᠭᠣᠯᠠᠪᠴᠢ ᠡᠷᠢᠭᠡ ᠱᠠᠩᠨᠠᠭᠰᠠᠨ ᠳ᠋ᠤᠷ ᠰᠣᠯᠤᠩᠭᠤᠸ᠎ᠠ ᠤᠴᠢᠷ ᠢ᠋ ᠤᠬᠠᠵᠤ ᠶᠡᠬᠡᠯ᠎ᠡ ᠪᠠᠶᠠᠷᠯᠠᠨ ᠬᠡᠰᠢᠭ ᠲᠣᠷ ᠮᠥᠷᠭᠥᠵᠦ ᠬᠦᠯᠢᠶᠡᠨ ᠠᠪᠴᠤ ᠭᠠᠷᠴᠤ ᠢᠷᠡᠭᠡᠳ ᠡᠨᠡ ᠱᠠᠩᠨᠠᠭᠰᠠᠨ ᠢ᠋ ᠰᠠᠢᠬᠠᠨ ᠬᠦᠷᠢ ᠳ᠋ᠦ᠍ᠷ ᠥᠭᠴᠦ ᠭᠠᠳᠠᠨ᠎ᠠ ᠠ᠋ᠴᠠ ᠮᠥᠷᠭᠥᠭᠦᠯᠦᠨ ᠬᠠᠷᠢᠵᠤ ᠢᠷᠡᠪᠡ᠃ ᠲᠡᠳᠦᠢ ᠤᠯᠤᠰ ᠤ᠋ᠨ ᠬᠣᠲᠠᠯᠠᠭᠠᠷ ᠵᠦᠰᠦᠨ ᠬᠠᠲᠤᠨ ᠢ᠋ ᠦᠨᠡᠬᠡᠷ ᠲᠦᠮᠡᠨ ᠦ᠌ ᠡᠬᠡ ᠭᠡᠮᠡᠨ ᠭᠠᠢᠬᠠᠯᠳᠤᠪᠠ᠃ ᠳᠠᠷᠤᠢ ᠰᠣᠯᠤᠩᠭᠤᠸ᠎ᠠ ᠬᠥᠰᠬᠡ ᠲᠡᠷᠭᠡ ᠪᠠ ᠰᠠᠢᠨ ᠨᠡᠷ᠎ᠡ ᠪᠡᠨ ᠪᠦᠷᠢᠨ᠎ᠡ ᠣᠯᠵᠤ ᠠᠢᠮᠠᠭ ᠲᠤᠷ ᠢ᠋ᠶ᠋ᠠᠨ ᠡᠭᠡᠵᠦ᠂ ᠨᠥᠬᠥᠷ ᠡᠮ᠎ᠡ ᠭᠤᠷᠪᠠᠨ ᠬᠥᠮᠦᠨ ᠶᠡᠬᠡᠯ᠎ᠡ ᠪᠠᠶᠠᠷᠯᠠᠯᠴᠠᠵᠤ᠂ ᠠᠯᠲᠠᠨᠱᠠᠭ᠎ᠠ ᠶ᠋ᠢᠨ ᠠᠮᠠᠷᠠᠭ ᠰᠡᠳᠬᠢᠯ ᠨᠡᠩ ᠬᠦᠨᠳᠦᠳᠴᠦ ᠨᠡᠮᠡᠭᠰᠡᠨ ᠢ᠋ ᠴᠦ᠍ ᠪᠠᠢᠲᠤᠭᠠᠢ᠂ ᠰᠠᠢᠬᠠᠨ ᠬᠦᠷᠢ ᠮᠥᠨ ᠰᠣᠯᠤᠩᠭᠤᠸ᠎ᠠ ᠶ᠋ᠢ ᠡᠬᠡ ᠮᠡᠲᠦ ᠦᠵᠡᠪᠡ᠃ ᠰᠤᠳᠤᠷᠴᠢ ᠲᠦᠰᠢᠮᠡᠯ ᠪᠢ ᠦᠵᠡᠭᠰᠡᠭᠡᠷ ᠡᠨᠡ ᠨᠢᠭᠡᠨ ᠠᠩᠭᠢ ᠬᠡᠷᠡᠭ ᠲᠦ᠍ᠷ ᠬᠦᠷᠴᠦ ᠢᠨᠢᠶᠡᠳᠦᠨ ᠲᠥᠷᠥᠵᠦ ᠰᠢᠯᠦᠭ ᠪᠢᠴᠢᠵᠦ ᠲᠡᠮᠳᠡᠭᠯᠡᠭᠰᠡᠨ ᠢᠨᠤ ᠄ 
                ᠵᠢᠷᠤᠮ ᠦᠭᠡᠢ ᠡᠷ᠎ᠡ ᠳ᠋ᠦ᠍ᠷ ᠵᠣᠷᠢᠭ ᠦᠭᠡᠢ ᠡᠮ᠎ᠡ ᠬᠣᠣᠰᠯᠠᠭᠰᠠᠨ ᠢ᠋ᠶ᠋ᠠᠷ  
                ᠵᠢᠳᠠ ᠢᠯᠳᠦᠲᠦ ᠰᠢᠩᠭᠡᠯᠢᠭ ᠭᠢᠨᠳᠠᠨ ᠳ᠋ᠤᠷ ᠵᠣᠪᠠᠯᠠᠩ ᠢ᠋ ᠬᠠᠲᠠᠭᠤᠵᠢᠨ ᠠᠲᠠᠯ᠎ᠠ 
                ᠵᠢᠷᠭᠠᠯ ᠢ᠋ ᠣᠯᠤᠮᠠᠭᠴᠠ ᠠᠯᠠᠬᠤ ᠳ᠋ᠤᠷ ᠬᠦᠷᠴᠦ ᠬᠠᠷᠢᠯᠴᠠᠨ ᠬᠠᠭᠠᠴᠠᠵᠤ ᠰᠠᠯᠤᠭᠠᠳ 
                ᠵᠢᠯᠣᠭᠣᠳᠬᠤ ᠮᠡᠬᠡᠲᠦ ᠰᠣᠯᠣᠩᠭᠣᠸ᠋᠎ᠠ ᠶ᠋ᠢᠨ ᠡᠷ᠎ᠡ ᠪᠡᠨ ᠠᠮᠠᠷᠠᠭᠯᠠᠬᠤ ᠶᠡᠷᠦᠨᠳᠡᠭ ᠪᠣᠯᠭᠠᠪᠠ !  
       ᠲᠡᠳᠦᠢ ᠰᠣᠯᠣᠩᠭᠣᠸ᠋᠎ᠠ ᠶ᠋ᠢ ᠡᠭᠡᠵᠦ ᠢᠷᠡᠮᠡᠭᠴᠡ ᠪᠧᠲ᠋ᠠ᠋ ᠤᠯᠤᠰ ᠤ᠋ᠨ ᠬᠤᠨ ᠬᠠᠯᠵᠢᠨ ᠨᠠᠭᠤᠷ ᠤ᠋ᠨ ᠬᠥᠪᠡᠭᠡ ᠳ᠋ᠦ᠍ᠷ ᠶᠡᠬᠡ ᠴᠢᠭᠤᠯᠭᠠᠨ ᠴᠢᠭᠤᠯᠵᠤ᠂ ᠤᠯᠤᠰ ᠤ᠋ᠨ ᠰᠠᠢᠳ ᠲᠤᠰᠢᠮᠡᠳ ᠦ᠋ᠨ ᠥᠬᠢᠳ ᠬᠡᠦᠬᠡᠳ ᠢ᠋ ᠴᠤᠭᠯᠠᠭᠤᠯᠵᠤ ᠥᠭᠡᠯᠦᠨ ᠦᠵᠢᠨ᠂ ᠵᠦᠰᠦᠨ ᠬᠠᠲᠤᠨ ᠲᠠᠨ᠂ ᠳᠥᠷᠪᠡᠨ ᠬᠦᠯᠦᠭ᠂ ᠶᠢᠰᠦᠨ ᠰᠠᠢᠳ ᠲᠦᠰᠢᠮᠡᠳ ᠦ᠋ᠨ ᠬᠡᠦᠬᠡᠳ ᠢ᠋ ᠦᠵᠡᠵᠦ ᠥᠬᠢᠳ ᠢ᠋ ᠰᠣᠩᠭᠣᠬᠤᠶ᠎ᠠ᠂ ᠵᠢᠨᠦᠩ ᠮᠤᠬᠤᠯᠢ ᠶ᠋ᠢᠨ ᠬᠣᠶᠠᠳᠤᠭᠠᠷ ᠥᠬᠢᠨ ᠰᠠᠷᠠᠨ ᠬᠥᠬᠥᠭᠡ ᠶ᠋ᠢ ᠲᠠᠢᠽᠦ ᠶ᠋ᠢᠨ ᠶᠡᠬᠡ ᠬᠥᠪᠡᠭᠦᠨ ᠵᠣᠴᠢ ᠳ᠋ᠤᠷ ᠵᠢᠭᠠᠪᠠ᠃ ᠪᠤᠭᠤᠷᠵᠢ ᠶ᠋ᠢᠨ ᠭᠤᠷᠪᠠᠳᠤᠭᠠᠷ ᠥᠬᠢᠨ ᠤᠨᠳᠤᠷᠭ᠎ᠠ ᠭᠡᠷᠡᠯ ᠢ᠋ ᠲᠠᠢᠽᠦ ᠶ᠋ᠢᠨ ᠬᠣᠶᠠᠳᠤᠭᠠᠷ ᠬᠥᠪᠡᠭᠦᠨ ᠴᠠᠭᠠᠲᠠᠢ ᠳ᠋ᠤᠷ ᠵᠢᠭᠠᠪᠠ᠃ ᠬᠣᠩᠭᠢᠷᠠᠳ ᠤ᠋ᠨ ᠲᠠᠢ ᠰᠡᠴᠡᠨ ᠦ᠌ ᠶᠡᠬᠡ ᠬᠥᠪᠡᠭᠦᠨ ᠵᠦᠰᠦᠨ ᠬᠠᠲᠤᠨ ᠤ᠋ ᠳᠡᠭᠦᠦ ᠠᠵᠢᠨᠠᠢ ᠮᠡᠷᠭᠡᠨ ᠦ᠌ ᠭᠠᠭᠴᠠ ᠥᠬᠢᠨ ᠬᠤᠨ ᠨᠠᠭᠤᠷ ᠢ᠋ ᠲᠠᠢᠽᠦ ᠶ᠋ᠢᠨ ᠭᠤᠷᠪᠠᠳᠤᠭᠠᠷ ᠬᠥᠪᠡᠭᠦᠨ ᠥᠭᠡᠳᠡᠢ ᠳ᠋ᠦ᠍ᠷ ᠵᠢᠭᠠᠪᠠ᠃ ᠲᠡᠢ ᠰᠡᠴᠡᠨ ᠦ᠌ ᠬᠣᠶᠠᠳᠤᠭᠠᠷ ᠬᠥᠪᠡᠭᠦᠨ ᠵᠦᠰᠦᠨ ᠬᠠᠲᠤᠨ ᠤ᠋ ᠬᠣᠶᠠᠳᠤᠭᠠᠷ ᠳᠡᠭᠦᠦ ᠬᠤᠳᠠᠷᠭ᠎ᠠ ᠪᠠᠭᠠᠲᠤᠷ ᠤ᠋ᠨ ᠶᠡᠬᠡ ᠥᠬᠢᠨ ᠣᠭ᠌ᠶᠤ ᠶ᠋ᠢᠨ ᠵᠦᠯᠭᠡ ᠶ᠋ᠢ ᠲᠠᠢᠽᠦ ᠶ᠋ᠢᠨ ᠳᠥᠷᠪᠡᠳᠦᠭᠡᠷ ᠬᠥᠪᠡᠭᠦᠨ ᠲᠣᠯᠢ ᠳ᠋ᠤᠷ ᠵᠢᠭᠠᠪᠠ᠃ ᠬᠦᠯᠦᠭ ᠪᠤᠭᠤᠷᠵᠢ ᠶ᠋ᠢᠨ ᠳᠥᠷᠪᠡᠳᠦᠭᠡᠷ ᠥᠬᠢᠨ ᠮᠢᠷᠠᠯᠵᠠᠨ ᠲᠤᠶᠠᠭ᠎ᠠ ᠶ᠋ᠢ ᠬᠠᠰᠠᠷ ᠤ᠋ᠨ ᠶᠡᠬᠡ ᠬᠥᠪᠡᠭᠦᠨ ᠲᠣᠭᠲᠠᠬᠤ ᠳ᠋ᠤᠷ ᠵᠢᠭᠠᠪᠠ᠃ ᠬᠦᠯᠦᠭ ᠴᠢᠯᠠᠭᠤᠨ ᠤ᠋ ᠭᠠᠭᠴᠠ ᠥᠬᠢᠨ ᠲᠥᠯᠥᠪᠲᠦ ᠶ᠋ᠢ ᠬᠠᠰᠠᠷ ᠤ᠋ᠨ ᠬᠣᠶᠠᠳᠤᠭᠠᠷ ᠬᠥᠪᠡᠭᠦᠨ ᠬᠤᠲᠤᠭᠲᠤ ᠳ᠋ᠤᠷ ᠵᠢᠭᠠᠪᠠ᠃ ᠰᠢᠷᠢ ᠬᠤᠲᠤᠭ ᠤ᠋ᠨ ᠭᠤᠷᠪᠠᠳᠤᠭᠠᠷ ᠥᠬᠢᠨ ᠲᠣᠭᠣᠷᠤᠤ ᠰᠡᠴᠢᠭ ᠢ᠋ ᠪᠦᠬᠦ ᠪᠡᠯᠭᠦᠳᠡᠢ ᠶ᠋ᠢᠨ ᠶᠡᠬᠡ ᠬᠥᠪᠡᠭᠦᠨ ᠪᠣᠯᠣᠳ ᠲᠤᠷ ᠵᠢᠭᠠᠪᠠ᠃ ᠵᠡᠪᠡ ᠶ᠋ᠢᠨ ᠶᠡᠬᠡ ᠥᠬᠢᠨ ᠵᠣᠷᠢᠭᠲᠤ ᠭᠣᠸ᠋᠎ᠠ ᠶ᠋ᠢ ᠤᠷᠠᠨ ᠭᠠᠴᠤᠭ ᠤ᠋ᠨ ᠭᠠᠭᠴᠠ ᠬᠥᠪᠡᠭᠦᠨ ᠨᠠᠷᠠᠨ ᠭᠣᠸ᠋᠎ᠠ ᠳ᠋ᠤ᠌ ᠵᠢᠭᠠᠪᠠ᠃ ᠴᠤᠤ ᠮᠡᠷᠭᠡᠨ ᠦ᠌ ᠭᠠᠭᠴᠠ ᠥᠬᠢᠨ ᠰᠢᠯᠢᠨ ᠪᠤᠯᠠᠭ ᠢ᠋ ᠣᠢᠲᠤ ᠣᠴᠢᠭ ᠤ᠋ᠨ ᠭᠠᠭᠴᠠ ᠬᠥᠪᠡᠭᠦᠨ ᠵᠤᠨ ᠤ᠋ ᠪᠤᠭᠤ ᠳ᠋ᠤᠷ ᠵᠢᠭᠠᠪᠠ᠃ ᠵᠡᠯᠮ᠎ᠡ ᠶ᠋ᠢᠨ ᠭᠠᠭᠴᠠ ᠬᠥᠪᠡᠭᠦᠨ ᠴᠡᠴᠡᠭ ᠢ᠋ ᠲᠠᠢᠽᠦ ᠶ᠋ᠢᠨ ᠭᠠᠭᠴᠠ ᠠᠪᠠᠬᠠᠢ ᠰᠡᠴᠡᠨ ᠰᠡᠴᠢᠭᠯᠢᠭ ᠦ᠋ᠨ ᠬᠦᠷᠭᠡᠨ ᠭᠡᠮᠡᠨ ᠵᠢᠭᠠᠵᠤ᠂ ᠶᠢᠰᠦᠨ ᠥᠷᠯᠥᠭ ᠶᠡᠬᠡ ᠬᠤᠷᠢᠮ ᠬᠤᠷᠢᠮᠯᠠᠨ᠂ ᠶᠢᠰᠦᠨ ᠡᠩ ᠦ᠋ᠨ ᠲᠦᠰᠢᠮᠡᠳ ᠤᠷᠤᠭ ᠪᠠᠷᠢᠭᠰᠠᠨ ᠬᠦᠨᠳᠦ ᠬᠡᠰᠢᠭ ᠦ᠋ᠨ ᠲᠣᠯᠣᠭᠠᠢ ᠮᠥᠷᠭᠥᠵᠦ ᠡᠬᠢᠨ ᠦ᠌ ᠭᠬᠢᠪ ᠲᠠᠲᠠᠬᠤ ᠶᠣᠰᠣᠯᠠᠯ ᠢ᠋ ᠲᠣᠭᠲᠠᠭᠠᠪᠠ᠃ ᠳᠠᠭᠠᠯᠳᠤᠭ᠎ᠠ ᠪᠠᠰᠠ ᠬᠠᠪᠤᠲᠤ ᠬᠠᠰᠠᠷ ᠪᠦᠬᠦ ᠪᠡᠯᠭᠦᠳᠡᠢ ᠣᠢᠲᠤ ᠣᠴᠢᠭ ᠤᠷᠠᠨ ᠭᠠᠴᠤᠭ ᠨᠠᠷ ᠤ᠋ᠨ ᠠᠪᠠᠬᠠᠢ ᠨᠠᠷ ᠢ᠋ ᠭᠠᠳᠠᠭᠠᠳᠤ ᠳᠠᠭᠠᠭᠰᠠᠨ ᠬᠠᠳ ᠤ᠋ᠨ ᠬᠡᠦᠬᠡᠳ ᠲᠣᠷ ᠵᠢᠭᠠᠬᠤ ᠶ᠋ᠢ ᠵᠠᠷᠯᠠᠵᠤ ᠶᠠᠪᠤᠭᠤᠯᠪᠠ᠃ ᠡᠭᠦᠨᠴᠡ ᠶᠢᠰᠦᠨ ᠡᠩ ᠯᠠᠪ ᠤᠷᠤᠭ ᠪᠠᠷᠢᠬᠤ ᠶ᠋ᠢ ᠲᠣᠭᠲᠠᠪᠠ᠃ ᠣᠯᠠᠨ ᠲᠦᠰᠢᠮᠡᠳ ᠶᠠᠰᠤ ᠴᠢᠮᠦᠭᠡᠨ ᠡᠴᠡ ᠰᠢᠲᠦᠵᠦ ᠮᠡᠳᠡᠭᠦᠯᠦᠷᠦᠨ᠄《 ᠴᠣᠬᠣᠮ ᠭᠠᠳᠠᠭᠠᠳᠤ ᠬᠠᠳ ᠨᠣᠶᠠᠳ ᠳᠠᠭᠠᠭᠰᠠᠨ ᠠᠨᠤ ᠮᠠᠰᠢ ᠣᠯᠠᠨ᠂ ᠡᠵᠡᠨ ᠦ᠌ ᠠᠪᠠᠬᠠᠢ ᠶ᠋ᠢ ᠲᠡᠭᠦᠨ ᠯᠦ᠋ᠭᠡ ᠤᠷᠤᠭ ᠪᠠᠷᠢᠪᠠᠰᠤ ᠵᠣᠬᠢᠬᠤ ᠪᠥᠭᠡᠲᠡᠯ᠎ᠡ ᠡᠳᠦᠭᠡ ᠣᠨᠴᠠ ᠮᠠᠨ ᠤ᠋ ᠠᠯᠪᠠᠲᠤ ᠪᠣᠭᠣᠯ ᠯᠤᠭ᠎ᠠ ᠪᠠᠨ ᠤᠷᠤᠭ ᠪᠠᠷᠢᠯᠴᠠᠭᠰᠠᠨ ᠳᠣᠲᠣᠨ᠎ᠠ ᠦᠵᠡᠭᠰᠡᠨ ᠥᠷᠥᠰᠢᠶᠡᠯ ᠠᠰᠤᠷᠤ ᠬᠡᠲᠦᠢᠳᠪᠡ᠃ ᠨᠡᠩ ᠪᠠᠰᠠ ᠥᠨᠥ ᠭᠠᠭᠴᠠ ᠠᠪᠠᠬᠠᠢ ᠶ᠋ᠢ ᠮᠥᠨ ᠪᠠᠷᠠᠭᠤᠨ ᠰᠠᠢᠳ ᠤ᠋ᠨ ᠲᠣᠭᠠᠨ ᠳ᠋ᠤᠷ ᠣᠷᠣᠭᠰᠠᠨ ᠵᠡᠯᠮ᠎ᠡ ᠶ᠋ᠢᠨ ᠬᠥᠪᠡᠭᠦᠨ ᠳ᠋ᠦ᠍ᠷ ᠬᠣᠯᠪᠣᠬᠤ ᠶ᠋ᠢ ᠲᠣᠭᠲᠠᠭᠰᠠᠨ ᠡᠨᠡ ᠥᠷᠥᠰᠢᠶᠡᠯ᠂ ᠮᠠᠨ ᠤ᠋ ᠶᠢᠰᠦᠨ ᠡᠩ ᠦ᠋ᠨ ᠲᠦᠰᠢᠮᠡᠳ ᠨᠡᠢᠲᠡ ᠳ᠋ᠦ᠍ᠷ ᠲᠦᠭᠡᠮᠡᠯ ᠭᠡᠷᠡᠯ ᠲᠡᠢ ᠪᠣᠯᠵᠤ᠂ ᠭᠠᠳᠠᠭᠠᠳᠤ ᠳᠠᠭᠠᠭᠰᠠᠨ ᠬᠠᠳ ᠠ᠋ᠴᠠ ᠳᠠᠪᠠᠵᠤᠬᠤᠢ᠃ 》ᠬᠡᠮᠡᠭᠰᠡᠨ ᠳ᠋ᠦ᠍ᠷ ᠲᠠᠢᠽᠦ ᠮᠦᠰᠢᠶᠡᠵᠦ ᠵᠠᠷᠯᠢᠭ ᠪᠣᠯᠤᠷᠤᠨ᠄《 ᠪᠢ ᠭᠠᠭᠴᠠ ᠬᠡᠦᠬᠡᠨ ᠢ᠋ᠶ᠋ᠡᠨ ᠵᠡᠯᠮ᠎ᠡ ᠶ᠋ᠢᠨ ᠬᠥᠪᠡᠭᠦᠨ ᠳ᠋ᠦ᠍ᠷ ᠬᠣᠯᠪᠣᠬᠤ ᠠᠨᠤ ᠣᠨᠴᠠ ᠵᠠᠯᠮ᠎ᠠ ᠶ᠋ᠢᠨ ᠬᠥᠪᠡᠭᠦᠨ ᠦ᠌ ᠰᠦᠷᠲᠡᠢ ᠭᠡᠷᠡᠯ ᠲᠡᠢ᠂ ᠰᠡᠴᠡᠨ ᠰᠡᠷᠭᠦᠯᠡᠩ ᠳ᠋ᠦ᠍ᠷ ᠠᠨᠤ ᠪᠠᠬᠠᠷᠬᠠᠵᠤ ᠬᠣᠯᠪᠣᠭᠰᠠᠨ ᠠᠨᠤ ᠪᠤᠰᠤ᠂ ᠡᠨᠡ ᠢᠨᠤ ᠰᠠᠷᠯᠠᠭ ᠤ᠋ᠨ ᠲᠠᠪᠤᠨ ᠮᠣᠵᠢ ᠶ᠋ᠢ ᠳᠠᠭᠠᠭᠤᠯᠬᠤ ᠲᠤᠬᠠᠢ ᠵᠠᠯᠮ᠎ᠠ ᠡᠴᠢᠭᠡ ᠡᠬᠡ ᠡᠴᠡ ᠪᠡᠨ ᠲᠥᠷᠥᠭᠰᠡᠨ ᠮᠢᠬ᠎ᠠ ᠪᠠᠨ ᠡᠪᠳᠡᠵᠦ ᠮᠥᠷᠥ ᠪᠡᠨ ᠴᠠᠪᠴᠢᠭᠰᠠᠨ ᠭᠠᠪᠢᠶ᠎ᠠ ᠳ᠋ᠤᠷ ᠪᠢ ᠮᠥᠨ ᠪᠡᠶ᠎ᠡ ᠡᠴᠡ ᠪᠡᠨ ᠰᠢᠮᠡᠳᠦᠭᠰᠡᠨ ᠴᠢᠰᠤ ᠰᠢᠮ᠎ᠡ ᠪᠡᠨ ᠥᠭᠴᠦ ᠭᠠᠪᠢᠶ᠎ᠠ ᠵᠢᠳᠬᠦᠯᠭᠡ ᠳ᠋ᠦ᠍ᠷ ᠢᠨᠤ ᠬᠥᠬᠢᠭᠦᠯᠵᠦ᠂ ᠤᠯᠤᠰ ᠲᠥᠷᠥ ᠡᠳᠦᠵᠦ ᠪᠦᠲᠦᠬᠦ ᠶ᠋ᠢᠨ ᠶᠡᠬᠡ ᠶᠣᠰᠣ ᠳ᠋ᠤᠷ ᠨᠡᠢᠴᠡᠭᠦᠯᠪᠡ᠃ ᠲᠡᠢᠨ ᠬᠦ᠌ ᠬᠦᠷᠭᠡᠨ ᠪᠣᠯᠭᠠᠨ ᠵᠢᠭᠠᠭᠰᠠᠨ ᠴᠡᠴᠡᠭ ᠦ᠋ᠨ ᠡᠯ᠎ᠡ ᠶ᠋ᠢ ᠴᠥᠮ ᠮᠢᠨᠦ ᠳᠥᠷᠪᠡᠨ ᠬᠥᠪᠡᠭᠦᠨ ᠯᠦ᠋ᠭᠡ ᠠᠳᠠᠯᠢ ᠰᠠᠴᠠᠭᠤ ᠪᠣᠯᠭ᠎ᠠ᠃ ᠣᠳᠣᠨ ᠬᠦᠷᠢᠶ᠎ᠡ ᠳ᠋ᠦ᠍ᠷ ᠬᠠᠮᠲᠤ ᠪᠢᠴᠢᠭ ᠴᠡᠷᠢᠭ ᠢ᠋ ᠪᠣᠯᠪᠠᠰᠤᠷᠠᠭᠤᠯ ! 》ᠭᠡᠮᠡᠨ ᠵᠠᠬᠢᠪᠠ᠃ ᠡᠭᠦᠨ ᠳ᠋ᠦ᠍ᠷ ᠶᠢᠰᠦᠨ ᠡᠩ ᠦ᠋ᠨ ᠲᠦᠰᠢᠮᠡᠳ ᠲᠣᠷᠭᠠᠨ ᠰᠢᠷ᠎ᠠ᠂ ᠮᠤᠬᠤᠯᠢ ᠠ᠋ᠴᠠ ᠲᠡᠷᠢᠭᠦᠯᠡᠨ ᠲᠠᠢᠽᠦ ᠶ᠋ᠢᠨ ᠦᠨᠡᠨ ᠥᠷᠥᠰᠢᠶᠡᠯ ᠢ᠋ ᠰᠢᠲᠦᠵᠦ ᠨᠢᠳᠦᠨ ᠦ᠌ ᠨᠢᠯᠪᠤᠰᠤ ᠤᠨᠠᠭᠠᠵᠤ ᠮᠠᠭᠲᠠᠯᠴᠠᠪᠠ᠃ ᠲᠡᠳᠦᠢ ᠵᠠᠯᠮ᠎ᠠ ᠬᠥᠪᠡᠭᠦᠨ ᠢ᠋ᠶ᠋ᠡᠨ ᠠᠪᠴᠤ ᠭᠤᠷᠪᠠᠨ ᠦᠶ᠎ᠡ ᠪᠡᠷ ᠶᠢᠰᠦ ᠶᠢᠰᠦᠨ ᠦ᠌ ᠪᠡᠯᠡᠭ ᠪᠠᠷᠢᠵᠤ ᠬᠦᠨᠳᠦ ᠬᠡᠰᠢᠭ ᠲᠣᠷ ᠮᠥᠷᠭᠥᠪᠡ ᠃ ᠡᠭᠦᠨ ᠡᠴᠡ ᠵᠠᠯᠮ᠎ᠠ ᠶ᠋ᠢᠨ ᠨᠢᠭᠡᠨ ᠠᠢᠮᠠᠭ ᠲᠣᠷᠭᠠᠨ ᠰᠢᠷ᠎ᠠ ᠮᠤᠬᠤᠯᠢ ᠨᠠᠷ ᠯᠤᠭ᠎ᠠ ᠵᠡᠷᠭᠡᠴᠡᠵᠦ᠂ ᠲᠡᠭᠦᠨ ᠦ᠌ ᠬᠥᠪᠡᠭᠦᠨ ᠴᠡᠴᠡᠭ ᠢ᠋ ᠣᠯᠠᠨ ᠲᠦᠰᠢᠮᠡᠳ ᠨᠠᠷ ᠪᠠᠭ᠎ᠠ ᠡᠵᠡᠳ ᠦ᠋ᠨ ᠶᠣᠰᠣᠭᠠᠷ ᠬᠦᠨᠳᠦᠯᠡᠪᠡ᠃ 
       ᠲᠡᠳᠦᠢ ᠲᠠᠢᠽᠦ ᠰᠢᠯᠭᠠᠵᠤ ᠲᠣᠭᠲᠠᠭᠰᠠᠨ ᠳᠥᠷᠪᠡᠨ ᠪᠡᠷᠢ ᠪᠡᠨ ᠵᠠᠷᠴᠢᠭᠤᠲᠠᠢ ᠡᠪᠦᠭᠡᠨ ᠢ᠋ ᠠᠴᠢᠷᠠᠵᠤ ᠰᠢᠨᠵᠢᠭᠦᠯᠦᠭᠰᠡᠨ ᠳ᠋ᠦ᠍ᠷ ᠵᠠᠷᠴᠢᠭᠤᠲᠠᠢ ᠡᠨᠡ ᠦᠶ᠎ᠡ ᠳ᠋ᠦ᠍ᠷ ᠨᠠᠶᠠᠨ ᠨᠠᠰᠤ ᠭᠠᠷᠴᠤ ᠮᠠᠰᠢ ᠬᠥᠭᠰᠢᠷᠡᠨ ᠬᠢᠷᠢ ᠠᠪᠤᠷᠢ ᠮᠠᠰᠢ ᠶᠡᠬᠡ ᠪᠣᠯᠤᠭᠰᠠᠨ ᠤ᠋ ᠳᠡᠭᠡᠷ᠎ᠡ᠂ ᠨᠡᠩ ᠪᠠᠰᠠ ᠠᠴᠢ ᠠᠨᠤ ᠤᠯᠤᠰ ᠤ᠋ᠨ ᠬᠦᠷᠭᠡᠨ ᠪᠣᠯᠤᠭᠰᠠᠨ ᠢ᠋ᠶ᠋ᠠᠷ ᠤᠯᠤᠰ ᠤ᠋ᠨ ᠬᠣᠲᠠᠯᠠᠭᠠᠷ ᠴᠥᠮ ᠬᠦᠨᠳᠦᠯᠡᠮᠦᠢ᠃ ᠲᠡᠳᠦᠢ ᠲᠠᠢᠽᠦ ᠶ᠋ᠢᠨ ᠵᠠᠬᠢᠶ᠎ᠠ ᠪᠠᠷ ᠮᠤᠬᠤᠯᠢ ᠶ᠋ᠢᠨ ᠬᠣᠶᠠᠳᠤᠭᠠᠷ ᠥᠬᠢᠨ ᠰᠠᠷᠠᠨ ᠬᠥᠬᠥᠭᠡ᠂ ᠪᠤᠭᠤᠷᠵᠢ ᠶ᠋ᠢᠨ ᠭᠤᠷᠪᠠᠳᠤᠭᠠᠷ ᠥᠬᠢᠨ ᠤᠨᠳᠤᠷᠭ᠎ᠠ ᠭᠡᠷᠡᠯ᠂ ᠠᠵᠢᠨᠠᠢ ᠮᠡᠷᠭᠡᠨ ᠦ᠌ ᠭᠠᠭᠴᠠ ᠥᠬᠢᠨ ᠬᠳ ᠨᠠᠭᠤᠷ᠂ ᠬᠤᠳᠠᠷᠭ᠎ᠠ ᠪᠠᠭᠠᠲᠤᠷ ᠤ᠋ᠨ ᠶᠡᠬᠡ ᠥᠬᠢᠨ ᠣᠭ᠌ᠶᠤ ᠶ᠋ᠢᠨ ᠵᠦᠯᠭᠡ ᠳᠥᠷᠪᠡᠨ ᠠᠪᠠᠬᠠᠢ ᠶ᠋ᠢ ᠰᠢᠨᠵᠢᠵᠦ ᠦᠵᠡᠭᠡᠳ ᠲᠠᠢᠽᠦ ᠶ᠋ᠢᠨ ᠰᠣᠶᠣᠷᠬᠠᠭᠰᠠᠨ ᠠᠯᠲᠠᠨ ᠰᠢᠪᠠᠭ᠎ᠠ ᠰᠢᠷ᠎ᠠ ᠰᠠᠴᠤᠭᠲᠤ ᠲᠠᠶᠠᠭ ᠢ᠋ ᠲᠤᠯᠤᠭᠰᠠᠭᠠᠷ ᠢᠷᠡᠵᠦ ᠂ ᠲᠠᠶᠠᠭ ᠢ᠋ᠶ᠋ᠠᠨ ᠬᠥᠮᠦᠨ ᠳ᠋ᠦ᠍ᠷ ᠪᠠᠷᠢᠭᠤᠯᠵᠤ ᠥᠪᠡᠷ ᠢ᠋ᠶ᠋ᠡᠨ ᠠᠯᠭᠤᠷ ᠰᠥᠭᠥᠳᠴᠦ ᠮᠡᠳᠡᠭᠦᠯᠦᠷᠦᠨ᠄《 ᠵᠦᠰᠦᠨ ᠡᠬᠡ ᠶ᠋ᠢᠨ ᠬᠣᠶᠠᠷ ᠠᠴᠢ ᠥᠬᠢᠳ ᠠᠵᠢᠨᠠᠢ ᠶ᠋ᠢᠨ ᠠᠪᠠᠬᠠᠢ ᠬᠠᠭᠠᠨ ᠤ᠋ ᠬᠠᠲᠤᠨ ᠤ᠋ ᠪᠤᠶᠠᠨ ᠮᠠᠭᠠᠳ ᠪᠣᠢ᠂ ᠭᠠᠭᠴᠠ ᠬᠠᠭᠠᠨ ᠤ᠋ ᠡᠬᠡ ᠪᠣᠯᠬᠤ ᠰᠢᠨᠵᠢ ᠦᠭᠡᠢ᠃ ᠬᠤᠳᠠᠷᠭ᠎ᠠ ᠪᠠᠭᠠᠲᠤᠷ ᠤ᠋ᠨ ᠠᠪᠠᠬᠠᠢ ᠠᠨᠤ ᠬᠠᠭᠠᠨ ᠤ᠋ ᠬᠠᠲᠤᠨ ᠤ᠋ ᠪᠠᠢᠳᠠᠯ ᠲᠣᠳᠣᠷᠬᠠᠢ ᠦᠭᠡᠢ ᠪᠣᠯᠪᠠᠴᠤ ᠮᠠᠭᠠᠳ ᠯᠠᠪ ᠪᠣᠭᠳᠠ ᠬᠠᠭᠠᠨ ᠢ᠋ ᠮᠡᠨᠳᠦᠯᠡᠵᠦ ᠳᠥᠷᠪᠡᠨ ᠳᠠᠯᠠᠢ ᠶ᠋ᠢᠨ ᠡᠬᠡ ᠪᠣᠯᠬᠤ ᠰᠢᠨᠵᠢ ᠲᠡᠭᠦᠰᠴᠦᠬᠦᠢ᠂ ᠪᠤᠰᠤᠳ ᠠᠨᠤ ᠴᠥᠮ ᠬᠠᠭᠠᠨ ᠤ᠋ ᠬᠠᠮᠠᠭᠠᠯᠠᠯ ᠳ᠋ᠤᠷ ᠪᠠᠭᠲᠠᠵᠤ ᠪᠣᠯᠤᠮᠤᠢ᠃ 》ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠶᠠᠭᠠᠷᠠᠨ ᠰᠢᠳᠠᠷ ᠰᠠᠢᠳ ᠤ᠋ᠳ ᠢ᠋ᠶ᠋ᠠᠷ ᠲᠦᠰᠢᠭᠦᠯᠦᠨ ᠪᠤᠰᠬᠠᠯᠭᠠᠵᠤ ᠳᠡᠷᠭᠡᠳᠡ ᠪᠡᠨ ᠰᠠᠭᠤᠳᠠᠯ ᠬᠠᠢᠷᠠᠯᠠᠨ᠂ ᠲᠣᠷᠭᠠᠨ ᠰᠢᠷ᠎ᠠ᠂ ᠮᠤᠬᠤᠯᠢ᠂ ᠪᠤᠭᠤᠷᠵᠢ᠂ ᠪᠤᠭᠤᠷᠤᠯ ᠨᠠᠷ ᠢ᠋ ᠮᠥᠨ ᠰᠠᠭᠤᠯᠭᠠᠵᠤ ᠬᠤᠷᠢᠮ ᠬᠠᠢᠷᠠᠯᠠᠭᠰᠠᠨ᠎ᠠ᠂ ᠲᠦᠰᠢᠮᠡᠳ ᠨᠠᠷ ᠮᠥᠷᠭᠥᠵᠦ ᠬᠤᠷᠢᠮ ᠳ᠋ᠤᠷ ᠰᠠᠭᠤᠪᠠ᠃ ᠲᠡᠢᠨ ᠬᠦ᠌ ᠬᠤᠷᠢᠮᠯᠠᠬᠤ ᠵᠠᠪᠰᠠᠷ ᠮᠤᠬᠤᠯᠢ᠂ ᠪᠤᠭᠤᠷᠵᠢ ᠨᠠᠷ ᠭᠠᠳᠠᠭᠠᠳᠤ ᠤᠯᠤᠰ ᠠᠢᠮᠠᠭ ᠢ᠋ ᠥᠪᠡᠷ ᠢ᠋ᠶ᠋ᠡᠨ ᠳᠠᠭᠠᠭᠰᠠᠨ᠂ ᠬᠡᠯᠡᠯᠴᠡᠵᠦ ᠳᠠᠭᠠᠭᠤᠯᠤᠭᠰᠠᠨ᠂ ᠵᠢᠷᠤᠮ ᠢ᠋ᠶ᠋ᠠᠷ ᠳᠠᠭᠠᠭᠤᠯᠤᠭᠰᠠᠨ᠂ ᠳᠠᠢᠯᠠᠵᠤ ᠳᠠᠭᠠᠭᠤᠯᠤᠭᠰᠠᠨ ᠣᠯᠠᠨ ᠠᠢᠮᠠᠭ ᠤᠯᠤᠰ ᠢ᠋ ᠬᠢᠨᠠᠨ ᠵᠠᠯᠭᠠᠨ ᠪᠠᠢᠴᠠᠭᠠᠵᠤ ᠳᠡᠰ ᠵᠡᠷᠭᠡ ᠶ᠋ᠢ ᠲᠣᠭᠲᠠᠭᠠᠨ ᠬᠠᠷᠢᠯᠴᠠᠨ ᠴᠢᠷᠮᠠᠢᠯᠴᠠᠬᠤ ᠶ᠋ᠢ ᠬᠥᠭᠵᠢᠭᠦᠯᠵᠦ᠂ ᠣᠳᠣ ᠡᠮᠦᠨ᠎ᠡ ᠳᠣᠷᠣᠨ᠎ᠠ ᠶ᠋ᠢ ᠳᠠᠢᠯᠠᠬᠤ ᠶ᠋ᠢ ᠵᠥᠪᠳᠡᠬᠦᠢ ᠳ᠋ᠦ᠍ᠷ ᠲᠠᠢᠽᠦ ᠪᠡᠶᠡᠰᠦᠨ ᠵᠠᠬᠢᠷᠤᠨ᠄《 ᠨᠠᠳᠠ ᠳ᠋ᠤᠷ ᠮᠥᠨ ᠡᠢᠮᠦ ᠰᠠᠨᠠᠭᠠᠨ ᠠᠮᠤᠢ᠂ ᠭᠠᠭᠴᠠ ᠣᠯᠠᠨ ᠴᠡᠷᠢᠭ ᠬᠡᠲᠦᠷᠬᠡᠢ ᠴᠢᠯᠡᠭᠡᠷᠡᠭᠰᠡᠨ ᠪᠣᠯᠭᠤᠵᠠᠢ ᠭᠡᠮᠡᠨ ᠳᠠᠭᠤᠨ ᠭᠠᠷᠤᠭᠠᠳᠤᠢ᠂ ᠰᠠᠢᠳ ᠤ᠋ᠳ ᠲᠠᠨ ᠤ᠋ ᠦᠵᠡᠬᠦᠢ ᠳ᠋ᠦ᠍ᠷ ᠮᠠᠨ ᠤ᠋ ᠬᠣᠢᠲᠤ ᠭᠠᠵᠠᠷ ᠢ᠋ ᠮᠠᠭᠠᠳ ᠲᠦᠪᠰᠢᠨ ᠪᠣᠯᠪᠠ ᠭᠡᠮᠡᠨ ᠪᠠᠲᠤᠯᠠᠵᠤ ᠪᠣᠯᠬᠤᠢ ᠤᠤ ? 》ᠲᠣᠷᠭᠠᠨ ᠰᠢᠷ᠎ᠠ᠂ ᠵᠠᠷᠴᠢᠭᠤᠲᠠᠢ᠂  ᠪᠤᠭᠤᠷᠵᠢ᠂ ᠪᠤᠭᠤᠷᠤᠯ ᠳᠥᠷᠪᠡᠭᠦᠯᠡ ᠮᠡᠳᠡᠭᠦᠯᠦᠷᠦᠨ᠄《 ᠡᠨᠡ ᠨᠡᠢᠭᠡᠮ ᠲᠦᠪᠰᠢᠨ ᠪᠣᠯᠤᠭᠰᠠᠨ ᠠᠨᠤ ᠭᠠᠭᠴᠠ ᠡᠵᠡᠨ ᠦ᠌ ᠰᠦᠷ ᠵᠡᠷᠭᠡ ᠪᠡᠷ ᠣᠷᠣᠭᠤᠯᠤᠭᠰᠠᠨ ᠠᠨᠤ ᠪᠤᠰᠤ᠂ ᠶᠡᠬᠡ ᠬᠠᠭᠠᠰ ᠴᠥᠮ  ᠥᠷᠥᠰᠢᠶᠡᠯ ᠡᠷᠳᠡᠮ ᠢ᠋ᠶ᠋ᠡᠷ ᠰᠡᠳᠬᠢᠯ ᠢ᠋ ᠪᠢᠰᠢᠷᠡᠭᠦᠯᠦᠭᠰᠡᠨ ᠲᠤᠯᠠ ᠯᠠᠪ ᠥᠪᠡᠷ᠎ᠡ ᠬᠤᠪᠢᠰᠬᠠᠯ ᠦᠯᠦ ᠳᠡᠭᠳᠡᠮᠦᠢ ᠢ᠎ᠠ᠃ 》 ᠮᠤᠬᠤᠯᠢ ᠥᠭᠦᠯᠡᠷᠦᠨ᠄《 ᠲᠡᠢᠨ ᠥᠭᠦᠯᠡᠵᠦ ᠦᠯᠦ ᠪᠣᠯᠤᠮᠤᠢ᠃ ᠤᠯᠤᠰ ᠲᠥᠷᠥ ᠶ᠋ᠢ ᠨᠡᠢᠭᠡᠮ ᠡᠩᠬᠡ ᠪᠣᠯᠭᠠᠮᠤᠢ ᠬᠡᠮᠡᠭᠴᠢ ᠴᠠᠭ ᠭᠱᠠᠨ ᠠᠯᠤᠰᠯᠠᠵᠤ ᠦᠯᠦ ᠪᠣᠯᠤᠮᠤᠢ᠃ ᠨᠢᠭᠡᠨ ᠭᠠᠵᠠᠷ ᠢ᠋ ᠥᠴᠦᠬᠡᠨ ᠣᠰᠣᠯᠳᠠᠪᠠᠰᠤ ᠲᠡᠷᠡ ᠭᠠᠵᠠᠷ ᠳᠠᠷᠤᠢ ᠠᠯᠳᠠᠰᠢ ᠭᠠᠷᠤᠮᠤᠢ᠃ ᠡᠳᠦᠭᠡ ᠪᠠᠷᠠᠭᠤᠨ ᠡᠮᠦᠨ᠎ᠡ ᠬᠠᠷᠯᠢᠭᠤᠳ ᠠᠢᠮᠠᠭ ᠤ᠋ᠨ ᠬᠠᠷ᠎ᠠ ᠶᠡᠬᠡᠲᠦ ᠠᠷᠰᠯᠠᠨ ᠬᠠᠭᠠᠨ ᠪᠣᠢ᠃ ᠵᠡᠭᠦᠨ ᠡᠮᠦᠨᠡᠲᠦ ᠳ᠋ᠦ᠍ᠷ ᠲᠠᠢᠶᠠᠩ ᠬᠠᠭᠠᠨ ᠤ᠋ ᠠᠪᠠᠭ᠎ᠠ ᠪᠤᠯᠤᠤ ᠬᠢᠭᠡᠳ ᠲᠡᠭᠦᠨ ᠦ᠌ ᠬᠥᠪᠡᠭᠦᠨ ᠴᠢᠦᠢ ᠴᠦ᠍ ᠯᠢᠦᠢ ᠪᠣᠢ᠃ ᠵᠡᠭᠦᠨ ᠬᠣᠢᠲᠤ ᠮᠠᠢᠯᠵᠢ ᠠᠢᠮᠠᠭ ᠬᠡᠳᠦᠢ ᠮᠠᠨ ᠢ᠋ ᠳᠠᠭᠠᠭᠰᠠᠨ ᠪᠣᠯᠪᠠᠴᠤ ᠡᠵᠡᠨ ᠢᠨᠦ ᠲᠣᠳᠣ ᠪᠠᠰᠠ ᠠᠭᠰᠠᠭᠠᠷ᠃ ᠡᠨᠡ ᠭᠤᠷᠪᠠ ᠪᠣᠯᠪᠠᠰᠤ ᠮᠠᠨ ᠤ᠋ ᠬᠣᠢᠲᠤ ᠭᠠᠵᠠᠷ ᠤ᠋ᠨ ᠥᠷᠭᠡᠰᠦ ᠰᠤᠨᠳᠤᠤ ᠮᠥᠨ᠃ ᠡᠳᠦᠭᠡ  ᠨᠠᠢ᠍ᠮᠠᠨ ᠤ᠋ ᠪᠤᠯᠤᠤ᠂ ᠴᠢᠦᠢ ᠴᠦ᠍ ᠯᠢᠦᠢ ᠡᠴᠢᠭᠡ ᠬᠥᠪᠡᠭᠦᠨ ᠪᠠ ᠮᠠᠢᠯᠵᠢ ᠠᠢᠮᠠᠭ ᠤ᠋ᠨ ᠲᠣᠳᠣ ᠬᠡᠳᠦᠢ ᠤᠯᠤᠰ ᠠᠢᠮᠠᠭ ᠦᠭᠡᠢ ᠭᠡᠪᠡᠴᠦ ᠶᠠᠭᠤᠨᠠᠢ ᠵᠦᠭᠡᠷ ᠵᠣᠭᠰᠣᠬᠤ ᠪᠣᠢ ! ᠪᠠᠷᠠᠭᠤᠨ ᠡᠮᠦᠨ᠎ᠡ ᠬᠠᠷᠯᠢᠭᠤᠳ ᠤᠯᠤᠰ ᠤ᠋ᠨ ᠠᠷᠰᠯᠠᠨ ᠬᠠᠭᠠᠨ ᠤ᠋ ᠤᠯᠤᠰ ᠪᠠᠶᠠᠨ᠂ ᠴᠡᠷᠢᠭ ᠴᠢᠭᠢᠷᠠᠭ᠂ ᠭᠠᠵᠠᠷ ᠠᠭᠤᠳᠠᠮ ᠮᠣᠵᠢ ᠣᠯᠠᠨ ᠡᠨᠡ ᠢᠨᠤ ᠨᠢᠳᠦᠨ ᠦ᠌ ᠡᠮᠦᠨ᠎ᠡ ᠪᠠᠢᠬᠤ ᠳᠠᠢᠰᠤᠨ ᠪᠣᠯᠠᠢ ! 》 ᠬᠡᠮᠡᠭᠰᠡᠨ ᠳ᠋ᠦ᠍ᠷ ᠲᠠᠢᠽᠦ ᠶᠡᠬᠡᠯ᠎ᠡ ᠪᠠᠶᠠᠷᠯᠠᠵᠤ᠂ ᠮᠤᠬᠤᠯᠢ ᠶ᠋ᠢ᠄《 ᠤᠭᠲᠤᠵᠤ ᠮᠡᠳᠡᠬᠦ ᠢᠨᠤ ᠬᠣᠣᠰ ᠦᠭᠡᠢ ! 》 ᠭᠡᠮᠡᠨ ᠠᠷᠢᠬᠢ ᠰᠣᠶᠣᠷᠬᠠᠵᠤ ᠲᠠᠪᠤᠨ ᠲᠦᠰᠢᠮᠡᠳ ᠦ᠋ᠨ ᠬᠤᠷᠢᠮ ᠲᠠᠷᠬᠠᠭᠰᠠᠨ ᠬᠣᠢᠨ᠎ᠠ᠂ ᠣᠯᠠᠨ ᠠᠢᠮᠠᠭ ᠢ᠋ ᠢᠯᠭᠠᠨ ᠰᠠᠯᠭᠠᠨ ᠳᠡᠰ ᠵᠡᠷᠭᠡ ᠶ᠋ᠢ ᠲᠣᠭᠲᠠᠭᠠᠮᠤᠢ ᠭᠡᠮᠡᠨ ᠵᠠᠷᠯᠠᠵᠤ᠂ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠶᠡᠬᠡ ᠴᠢᠭᠤᠯᠭᠠᠨ ᠴᠢᠭᠤᠯᠤᠮᠤᠢ ᠭᠡᠮᠡᠨ ᠵᠠᠷᠯᠠᠪᠠ᠃ ᠤᠳᠠᠭᠰᠠᠨ ᠦᠭᠡᠢ ᠵᠤᠨ ᠥᠩᠭᠡᠷᠡᠨ ᠨᠠᠮᠤᠷ ᠤ᠋ᠨ ᠳᠤᠮᠳᠠᠳᠤ ᠰᠠᠷ᠎ᠠ ᠪᠣᠯᠤᠭᠰᠠᠨ ᠳ᠋ᠤᠷ ᠲᠠᠢᠽᠦ ᠳᠦᠭᠦᠯᠡ ᠮᠥᠷᠡᠨ ᠦ᠌ ᠶᠡᠬᠡ ᠲᠠᠯ᠎ᠠ ᠶ᠋ᠢᠨ ᠥᠨᠳᠥᠷ ᠳᠣᠪᠣ ᠶ᠋ᠢᠨ ᠵᠠᠬ᠎ᠠ ᠳ᠋ᠤᠷ ᠮᠥᠩᠭᠥᠨ ᠦ᠌ ᠣᠷᠣᠢᠲᠤ ᠠᠷᠰᠯᠠᠨᠲᠤ ᠲᠠᠭᠲᠤ ᠳ᠋ᠤᠷ ᠰᠠᠭᠤᠵᠤ᠂ ᠣᠯᠠᠨ ᠰᠡᠴᠡᠳ ᠪᠠᠭᠠᠲᠤᠳ ᠰᠠᠢᠳ ᠲᠦᠰᠢᠮᠡᠳ ᠢᠨᠤ ᠬᠤᠷᠠᠵᠤ ᠂  ᠭᠠᠳᠠᠭᠠᠳᠤ ᠣᠯᠠᠨ ᠠᠢᠮᠠᠭ ᠤ᠋ᠨ ᠡᠵᠡᠳ ᠪᠠ ᠡᠵᠡᠯᠡᠭᠴᠢᠳ ᠢ᠋ ᠳᠣᠪᠣ ᠶ᠋ᠢᠨ ᠳᠣᠣᠷ᠎ᠠ ᠵᠢᠭᠰᠠᠭᠠᠪᠠ᠃ 
       ᠲᠡᠳᠦᠢ ᠮᠤᠬᠤᠯᠢ ᠣᠯᠠᠨ ᠠᠢᠮᠠᠭ ᠤ᠋ᠳ ᠤ᠋ᠨ ᠨᠡᠷᠡᠰ ᠢ᠋ ᠪᠢᠴᠢᠭᠯᠡᠵᠦ ᠲᠠᠢᠽᠦ ᠳ᠋ᠦ᠍ᠷ ᠡᠷᠭᠦᠪᠡ᠃ ᠲᠡᠭᠦᠨ ᠢ᠋ ᠰᠠᠢᠬᠠᠨ ᠰᠤᠷᠲᠠᠯᠲᠤ ᠳ᠋ᠤᠷ ᠥᠭᠴᠦ ᠥᠨᠳᠥᠷ ᠳᠠᠭᠤᠨ ᠢ᠋ᠶ᠋ᠠᠷ ᠳᠠᠭᠤᠳᠠᠭᠤᠯᠪᠠ᠃  ᠲᠡᠭᠦᠨ ᠦ᠌ ᠦᠭᠡ᠄《 ᠡᠷᠢᠵᠦ ᠳ᠋ᠡᠭᠡᠨ ᠴᠠᠭ ᠢ᠋ ᠮᠡᠳᠡᠭᠰᠡᠨ ᠶᠡᠬᠡ ᠪᠠᠭ᠎ᠠ ᠤᠯᠤᠰ ᠠᠢᠮᠠᠭ ᠤ᠋ᠨ ᠨᠡᠷᠡᠰ ᠢᠨᠦ᠄ ᠬᠣᠩᠭᠢᠷᠠᠳ᠂ ᠮᠡᠷᠭᠢᠳ᠂ ᠮᠠᠩᠨᠣᠭᠲᠤ᠂ ᠵᠤᠯᠠᠢ᠂ ᠦᠯᠬᠦ᠂ ᠭᠣᠷᠯᠤᠰᠤᠨ᠂ ᠭᠤᠷᠪᠠᠨ ᠲᠣᠷᠭᠤᠳ᠂ ᠬᠠᠲᠠᠭᠢᠨ᠂ ᠴᠢᠮᠡᠳ᠂ ᠢᠵᠢᠯᠵᠢ᠂ ᠴᠢᠵᠢᠯᠵᠢ᠂ ᠵᠠᠯᠠᠢᠳ᠂ ᠬᠠᠯᠬ᠎ᠠ᠂ ᠴᠠᠬᠠᠷ᠂ ᠠᠩᠬᠡᠷᠢᠭ᠋᠂ ᠣᠢᠷᠠᠳ᠂ ᠥᠭᠡᠯᠦᠨ᠂ ᠰᠡᠮᠦ᠂ ᠦᠦᠰᠢᠨ᠂ ᠬᠠᠷ᠎ᠠ ᠴᠡᠷᠢᠭ᠂ ᠰᠠᠯᠴᠤᠳ᠂ ᠣᠷᠢᠶᠠᠩᠬᠠᠨ᠂ ᠪᠢᠳᠢᠭᠦᠳ᠂ ᠬᠢᠯᠦᠭᠡᠳ᠂ ᠮᠢᠭᠠᠰ᠂ ᠣᠷᠣᠩᠭ᠎ᠠ᠂ ᠤᠷᠠᠳ᠂ ᠰᠥᠨᠢᠳ᠂ ᠳᠥᠷᠪᠡᠳ᠂ ᠴᠣᠯᠳᠠᠨ᠂ ᠬᠣᠩᠬᠢᠨ᠂ ᠣᠢᠷᠠᠳ᠂ ᠲᠦᠮᠡᠳ᠂ ᠣᠵᠣᠩᠭ᠎ᠠ᠂ ᠬᠣᠢᠴᠢ᠂ ᠡᠳ᠋᠂ ᠽᠢ᠂ ᠵᠤᠳ᠂ ᠬᠠᠰᠠᠭ᠂ ᠠᠤᠬᠠᠨ᠂ ᠪᠠᠰᠤᠳ᠂ ᠪᠢᠷᠯᠡᠰ᠂ ᠪᠠᠭᠠᠷᠢᠨ᠂ ᠸᠠᠩᠬᠦᠪ᠂ ᠪᠦᠲᠦᠨ᠎ᠡ᠂ ᠪᠦᠷᠦᠳ᠂ ᠤᠨᠠᠢ᠍ᠳ᠂ ᠭᠡᠴᠦᠳ᠂ ᠦᠵᠢᠶᠡᠳ᠂ ᠵᠦᠬᠡᠨ᠂ ᠵᠤᠤᠰ ᠮᠢᠩᠭᠠᠨ᠂ ᠵᠠᠯᠠᠢᠳ᠂ ᠲᠤᠭᠤᠴᠢᠨ᠂ ᠬᠣᠷᠢ᠂ ᠶᠦᠢᠷᠡᠳ᠂ ᠵᠥᠷᠭᠡᠨ᠂ ᠬᠠᠲᠠᠭᠢ᠂ ᠰᠠᠯᠴᠤᠭ᠂ ᠣᠯᠬᠤᠨᠤᠳ᠂ ᠮᠠᠩᠭᠤᠳ ᠡᠨᠡ ᠵᠢᠷᠠᠨ ᠨᠢᠭᠡᠨ ᠠᠢᠮᠠᠭ ᠤᠯᠤᠰ ᠂ ᠡᠭᠦᠨ ᠡᠴᠡ ᠭᠠᠳᠠᠨ᠎ᠠ ᠴᠡᠷᠢᠭ ᠢ᠋ᠶ᠋ᠡᠷ ᠳᠠᠢᠯᠠᠨ ᠬᠤᠷᠢᠶᠠᠮᠵᠢᠯᠠᠭᠰᠠᠨ ᠣᠯᠠᠨ ᠠᠢᠮᠠᠭ ᠤᠯᠤᠰ ᠤ᠋ᠨ ᠨᠡᠷ᠎ᠡ ᠢᠨᠤ᠄ ᠲᠠᠲ᠋ᠠᠷ᠂ ᠲᠠᠢᠴᠢᠭᠤᠳ᠂ ᠯᠠᠢᠬᠠᠳ᠂ ᠬᠠᠷᠠᠯᠳᠠᠢ᠂ ᠲᠠᠷᠭᠠᠳ᠂ ᠮᠠᠢᠯᠵᠢ᠂ ᠭᠣᠷᠯᠣᠰ᠂ ᠭᠣᠷᠯᠣᠳ᠂ ᠱᠠᠯᠵᠢᠭᠤᠳ᠂ ᠱᠠᠯᠵᠢᠲᠠᠢ᠂ ᠰᠠᠴᠤᠭ᠎ᠠ᠂ ᠲᠤᠵᠢ᠂ ᠬᠣᠩᠵᠢᠯᠠ᠂ ᠬᠡᠷᠡᠢᠳ᠂ ᠵᠦᠷᠴᠢᠳ᠂ ᠪᠢᠳᠡᠭᠦᠳ᠂ ᠶᠦᠮ᠂ ᠰᠣᠯᠤᠩᠭᠤᠳ᠂ ᠰᠠᠷᠯᠠᠭ᠂ ᠲᠣᠭᠮᠤᠭ᠂ ᠡᠩᠭᠦᠳ᠂ ᠬᠠᠷᠯᠢᠭ᠂ ᠵᠠᠷᠤᠳ᠂ ᠨᠠᠢ᠍ᠮᠠᠨ ᠡᠨᠡ ᠬᠣᠷᠢᠨ ᠳᠥᠷᠪᠡᠨ ᠠᠢᠮᠠᠭ ᠤᠯᠤᠰ – ᠲᠡᠢᠨ ᠬᠦ᠌ ᠲᠠᠢᠽᠦ ᠵᠠᠬᠢᠶ᠎ᠠ ᠪᠠᠭᠤᠯᠭᠠᠵᠤ ᠥᠪᠡᠷ ᠢ᠋ᠶ᠋ᠡᠨ ᠳᠠᠭᠠᠭᠰᠠᠨ ᠢ᠋ ᠳᠡᠭᠡᠳᠦ ᠪᠠᠭ᠂ ᠬᠡᠯᠡᠯᠴᠡᠵᠦ ᠳᠠᠭᠠᠭᠰᠠᠨ ᠢ᠋ ᠠᠨᠤ ᠳᠤᠮᠳᠠᠳᠤ ᠪᠠᠭ᠂ ᠳᠠᠢᠯᠠᠵᠤ ᠳᠠᠭᠠᠭᠤᠯᠤᠭᠰᠠᠨ ᠢ᠋ ᠳᠣᠣᠷᠠᠲᠤ ᠪᠠᠭ᠂ ᠡᠭᠦᠨ ᠡᠴᠡ ᠭᠠᠳᠠᠨ᠎ᠠ ᠡᠵᠡᠨ ᠢᠨᠤ ᠦᠬᠦᠵᠦ ᠡᠵᠡᠯᠡᠭᠴᠢ ᠲᠡᠷᠢᠭᠦᠨ ᠦᠭᠡᠢ ᠠᠢᠮᠠᠭ ᠤ᠋ᠳ ᠢ᠋ ᠬᠤᠪᠢᠶᠠᠵᠤ ᠣᠯᠠᠨ ᠭᠠᠪᠢᠶᠠᠲᠤ ᠳᠡᠭᠦᠦ ᠨᠠᠷ ᠪᠠ ᠬᠦᠯᠦᠭ ᠪᠠᠭᠠᠲᠤᠳ ᠲᠤᠷ ᠬᠤᠪᠢᠶᠠᠨ ᠥᠭᠴᠦ ᠵᠠᠬᠢᠷᠤᠭᠤᠯᠵᠤ ᠨᠤᠲᠤᠭ ᠦᠨᠳᠦᠰᠦ ᠪᠣᠯᠭᠠᠪᠠ᠃ ᠲᠡᠢᠨ ᠬᠦ᠌ ᠮᠤᠬᠤᠯᠢ᠂ ᠪᠤᠭᠤᠷᠵᠢ᠂ ᠪᠤᠭᠤᠷᠤᠯ᠂ ᠴᠢᠯᠠᠭᠤᠨ ᠳᠥᠷᠪᠡᠭᠦᠯᠡ ᠶ᠋ᠢ ᠳᠥᠷᠪᠡᠨ ᠵᠣᠪᠬᠢᠰ ᠤ᠋ᠨ ᠥᠨᠴᠥᠭ ᠲᠣᠷ ᠭᠠᠷᠭᠠᠵᠤ ᠳᠥᠷᠪᠡᠨ ᠶᠡᠬᠡ ᠴᠢᠭᠤᠯᠭᠠᠨ ᠴᠢᠭᠤᠯᠭᠤᠯᠵᠤ᠂ ᠨᠡᠢᠲᠡ ᠤᠯᠤᠰ ᠤ᠋ᠨ ᠳᠣᠲᠣᠷᠠᠬᠢ ᠡᠷᠡᠰᠢᠭᠰᠡᠨ ᠴᠡᠷᠢᠭ ᠢᠷᠭᠡᠨ ᠦ᠌ ᠳᠣᠲᠣᠷ᠎ᠠ ᠴᠣᠯᠭᠣᠷᠠᠭᠰᠠᠨ ᠪᠠᠭᠠᠲᠤᠷ ᠬᠦᠴᠦᠲᠡᠨ ᠪᠠ ᠴᠡᠷᠢᠭ ᠦ᠋ᠨ ᠡᠷᠳᠡᠮ ᠳ᠋ᠦ᠍ᠷ ᠰᠢᠯᠭᠠᠷᠠᠭᠰᠠᠨ ᠬᠤᠷᠴᠠ ᠤᠷᠠᠨ ᠠᠷᠠᠳ ᠢ᠋ ᠰᠣᠩᠭᠣᠨ ᠰᠢᠯᠭᠠᠷ᠎ᠠ ᠭᠠᠷᠭᠠᠪᠠ᠃ ᠪᠠᠰᠠ ᠵᠡᠯᠮ᠎ᠡ᠂ ᠣᠶᠤᠨ ᠭᠤᠸ᠎ᠠ᠂ ᠣᠶᠤᠲᠤ ᠰᠡᠴᠡᠨ᠂ ᠰᠠᠢᠬᠠᠨ ᠰᠤᠷᠲᠠᠯᠲᠤ ᠲᠠᠨ ᠢ᠋ ᠮᠥᠨ ᠳᠥᠷᠪᠡᠨ ᠵᠦᠭ ᠲᠦ᠍ᠷ ᠭᠠᠷᠭᠠᠵᠤ᠂ ᠤᠯᠤᠰ ᠤ᠋ᠨ ᠳᠣᠲᠣᠷᠠᠬᠢ ᠰᠡᠴᠡᠨ ᠰᠡᠷᠭᠦᠯᠡᠩ ᠡᠷᠡᠰᠢᠭᠰᠡᠨ ᠠᠷᠠᠳ ᠢ᠋ ᠰᠣᠩᠭᠣᠵᠤ ᠠᠢᠮᠠᠭ ᠪᠦᠷᠢ ᠳ᠋ᠦ᠍ᠷ ᠰᠤᠷᠭᠠᠯ ᠤ᠋ᠨ ᠪᠠᠭᠤᠳᠠᠯ ᠪᠠᠢᠭᠤᠯᠵᠤ ᠤᠢᠭᠤᠷ ᠦᠰᠦᠭ ᠪᠠ ᠸᠧᠢ ᠡᠦ ᠦᠰᠦᠭ ᠢ᠋ ᠰᠤᠷᠭᠠᠯᠭᠠᠪᠠ᠃ ᠲᠡᠳᠦᠢ ᠪᠢᠴᠢᠭ ᠴᠡᠷᠢᠭ ᠦ᠋ᠨ ᠰᠤᠷᠭᠠᠭᠤᠯᠢᠯᠠᠯ ᠰᠢᠯᠭᠠᠭᠤᠯᠢ ᠳ᠋ᠤᠷ ᠣᠷᠣᠭᠰᠠᠨ ᠭᠤᠷᠪᠠᠨ ᠲᠦᠮᠡᠨ ᠢᠯᠡᠭᠦᠦ ᠨᠡᠷ᠎ᠡ ᠪᠣᠢ᠃ ᠳᠠᠭᠠᠯᠳᠤᠭ᠎ᠠ ᠨᠣᠬᠠᠢ ᠶ᠋ᠢᠨ ᠲᠣᠯᠣᠭᠠᠢᠲᠤ ᠤᠯᠤᠰ᠂ ᠬᠣᠢᠲᠤ ᠣᠷᠣᠰ ᠤᠯᠤᠰ᠂ ᠭᠠᠭᠴᠠ ᠬᠥᠯᠲᠦ ᠤᠯᠤᠰ᠂ ᠤᠢᠭᠤᠷ ᠤᠯᠤᠰ᠂ ᠪᠠᠷᠠᠭᠤᠨ ᠬᠣᠢᠲᠤ ᠥᠬᠢᠨ ᠤᠯᠤᠰ ᠴᠥᠮ ᠪᠡᠯᠡᠭ ᠬᠦᠷᠭᠡᠵᠦ ᠠᠯᠪᠠ ᠪᠠᠷᠢᠷ᠎ᠠ ᠢᠷᠡᠪᠡ᠃ ᠲᠠᠢᠽᠦ ᠴᠥᠮ ᠪᠡᠶ᠎ᠡ ᠪᠡᠷ ᠵᠣᠯᠭᠠᠵᠤ ᠰᠤᠷᠭᠠᠯ ᠥᠭᠴᠦ ᠬᠤᠷᠢᠮ ᠬᠠᠢᠷᠠᠯᠠᠨ ᠬᠠᠷᠢᠭᠤ ᠪᠡᠯᠡᠭ ᠥᠭᠴᠦ ᠡᠭᠡᠭᠦᠯᠪᠡ᠃ ᠳᠠᠭᠠᠯᠳᠤᠭ᠎ᠠ ᠲᠠᠩᠭᠤᠳ ᠤ᠋ᠨ ᠰᠢᠳᠤᠷᠭᠤ ᠬᠠᠭᠠᠨ ᠮᠥᠨ ᠬᠦ᠌ ᠳᠤᠷᠳᠤᠩ ᠢ᠋ ᠡᠯᠴᠢ ᠵᠠᠷᠤᠵᠤ ᠶᠠᠯ᠎ᠠ ᠬᠦᠯᠢᠶᠡᠨ᠂ ᠲᠠᠪᠤᠨ ᠵᠠᠭᠤᠨ ᠠᠴᠢᠶ᠎ᠠ ᠬᠦᠨᠳᠦ ᠪᠡᠯᠡᠭ ᠪᠠᠷᠢᠭᠤᠯᠤᠭᠰᠠᠨ ᠳ᠋ᠤᠷ ᠲᠠᠢᠽᠦ ᠮᠦᠰᠢᠶᠡᠨ ᠥᠭᠦᠯᠡᠷᠦᠨ᠄《 ᠢᠲᠡᠭᠡᠯ ᠦᠭᠡᠢ ᠬᠠᠷ᠎ᠠ ᠲᠠᠩᠭᠤᠳ ᠭᠤᠷᠪᠠᠨ ᠦᠭᠡᠨ ᠳ᠋ᠦ᠍ᠷ ᠬᠣᠶᠠᠷᠲᠠ ᠬᠤᠪᠢᠯᠤᠭᠴᠢ᠂ ᠭᠤᠲᠤᠮᠰᠢᠭ ᠠᠢᠮᠠᠭ᠂ ᠡᠷᠢᠨ ᠭᠤᠶᠤᠬᠤ ᠲᠤᠯᠠ ᠶᠠᠯ᠎ᠠ ᠶ᠋ᠢ ᠬᠡᠯᠲᠦᠷᠢᠭᠦᠯᠦᠨ ᠪᠡᠯᠡᠭ ᠢ᠋ ᠢᠨᠤ ᠬᠣᠷᠢᠶᠠᠨ ᠠᠪ ! 》 ᠭᠡᠮᠡᠨ ᠳᠤᠷᠳᠤᠩ ᠢ᠋ ᠬᠦᠨᠳᠦ ᠬᠡᠰᠢᠭ ᠬᠦᠷᠲᠡᠭᠡᠪᠡ᠃ ᠲᠡᠳᠦᠢ ᠳᠤᠷᠳᠤᠩ ᠮᠥᠨ ᠬᠦ᠌ ᠶᠠᠪᠤᠭ᠎ᠠ ᠶ᠋ᠢᠨ ᠭᠡᠷ ᠲᠦ᠍ᠷ ᠪᠠᠭᠤᠳᠠᠯᠯᠠᠵᠤ ᠰᠤᠯᠠ ᠦᠭᠡ ᠬᠡᠯᠡᠯᠴᠡᠭᠰᠡᠭᠡᠷ ᠥᠭᠦᠯᠡᠷᠦᠨ᠄《 ᠮᠠᠨ ᠤ᠋ ᠬᠠᠭᠠᠨ ᠬᠠᠲᠤᠨ ᠤ᠋ ᠦᠭᠡ ᠳ᠋ᠦ᠍ᠷ ᠣᠷᠣᠵᠤ ᠨᠠᠮᠠᠶ᠋ᠢ ᠬᠠᠵᠠᠭᠠᠢ ᠰᠡᠳᠬᠢᠯ ᠲᠡᠢ ᠪᠣᠯᠪᠠ ᠭᠡᠮᠡᠨ ᠪᠠᠭᠤᠷᠠᠭᠤᠯᠵᠤ᠂ ᠡᠳᠦᠭᠡ ᠲᠠᠢᠽᠦ ᠶ᠋ᠢᠨ ᠨᠡᠷ᠎ᠡ ᠰᠦᠷ ᠶᠡᠬᠡ ᠪᠣᠯᠵᠤ ᠲᠣᠭᠣᠷᠢᠭᠰᠠᠨ ᠣᠯᠠᠨ ᠠᠢᠮᠠᠭ ᠢ᠋ ᠴᠥᠮ ᠬᠤᠷᠢᠶᠠᠮᠵᠢᠯᠠᠭᠰᠠᠨ ᠳ᠋ᠤᠷ ᠠᠷᠭ᠎ᠠ ᠦᠭᠡᠢ ᠪᠠᠰᠠ ᠨᠠᠮᠠᠶ᠋ᠢ ᠳᠠᠬᠢᠨ ᠤᠭ ᠵᠡᠷᠭᠡ ᠳ᠋ᠦ᠍ᠷ ᠡᠭᠡᠭᠦᠯᠵᠦ ᠡᠷᠭᠦᠭᠡᠳ ᠡᠳᠦᠭᠡ ᠡᠯᠴᠢ ᠢᠯᠡᠭᠡᠪᠡ᠃ 》 ᠭᠡᠮᠡᠨ ᠬᠡᠯᠡᠭᠰᠡᠨ ᠳ᠋ᠦ᠍ᠷ ᠶᠠᠪᠤᠭ᠎ᠠ ᠥᠭᠦᠯᠡᠷᠦᠨ :《ᠴᠢ ᠣᠳᠣ ᠲᠠᠨ ᠤ᠋ ᠤᠯᠤᠰ ᠤ᠋ᠨ ᠬᠡᠷᠡᠭ ᠢ᠋ᠶ᠋ᠡᠨ ᠳᠤᠷᠠᠳᠬᠤᠢ ᠪᠠᠨ ᠪᠠᠢᠭ᠎ᠠ᠂ ᠪᠢ ᠠᠩᠬ᠎ᠠ ᠤᠳᠠᠭ᠎ᠠ ᠲᠠᠨ ᠤ᠋ ᠤᠴᠢᠷ ᠢ᠋ ᠬᠡᠯᠡᠵᠦ ᠲᠠᠨ ᠤ᠋ ᠬᠠᠭᠠᠨ ᠤ᠋ ᠬᠠᠲᠤᠨ ᠤ᠋ ᠨᠢᠭᠤᠷ ᠠ᠋ᠴᠠ ᠭᠡᠷᠡᠯ ᠭᠠᠷᠤᠮᠤᠢ ᠭᠡᠮᠡᠨ ᠬᠡᠯᠡᠭᠡᠳ ᠱᠠᠯᠢᠭ ᠦᠭᠡ ᠵᠥᠭᠡᠭᠡᠪᠡ ᠭᠡᠮᠡᠨ  ᠨᠠᠮᠠᠶ᠋ᠢ ᠳᠡᠷᠭᠡᠳᠡ ᠡᠴᠡ ᠦᠯᠳᠡᠨ ᠭᠠᠷᠭᠠᠵᠤ᠂ ᠡᠳᠦᠭᠡ ᠪᠣᠯᠲᠠᠯ᠎ᠠ ᠤᠭ ᠣᠷᠣᠨ ᠳ᠋ᠤᠷ ᠲᠠᠪᠰᠢᠨ ᠴᠢᠳᠠᠭᠠᠳᠤᠢ᠃ 》 ᠬᠡᠮᠡᠭᠰᠡᠨ ᠳ᠋ᠦ᠍ᠷ ᠳᠤᠷᠳᠤᠩ ᠶᠡᠬᠡᠯ᠎ᠡ ᠭᠠᠢᠬᠠᠵᠤ ᠥᠭᠦᠯᠡᠷᠦᠨ᠄《 ᠡᠨᠡ ᠦᠨᠡᠬᠡᠷ ᠲᠡᠭᠷᠢ ᠶ᠋ᠢᠨ ᠬᠥᠪᠡᠭᠦᠨ ᠠᠵᠤᠭᠤ᠂ ᠭᠠᠭᠴᠠ ᠭᠠᠳᠠᠭᠠᠳᠤ ᠰᠦᠷ ᠢᠨᠤ ᠲᠡᠭᠷᠢ ᠶ᠋ᠢᠨ ᠬᠥᠪᠡᠭᠦᠨ ᠦ᠌ ᠰᠦᠷ ᠢᠨᠤ ᠪᠤᠰᠤ᠂ ᠳᠣᠲᠣᠭᠠᠳᠤ ᠰᠦᠯᠳᠡ ᠮᠥᠨ ᠲᠡᠭᠷᠢ ᠶ᠋ᠢᠨ ᠬᠥᠪᠡᠭᠦᠨ ᠦ᠌ ᠰᠡᠳᠬᠢᠯᠳᠦ ᠪᠠᠢᠨᠠᠮ᠂ ᠡᠳᠦᠭᠡ ᠮᠠᠨ ᠤ᠋ ᠬᠠᠲᠤᠨ ᠲᠠᠪᠤᠨ ᠵᠠᠭᠤᠨ ᠪᠡᠯᠪᠡᠰᠦᠨ ᠡᠬᠡᠨᠡᠷ ᠢ᠋ ᠬᠤᠷᠢᠶᠠᠵᠤ ᠰᠣᠯᠣᠭᠠᠢ ᠤᠪᠠᠳᠢᠰ ᠰᠤᠷᠭᠠᠵᠤ ᠪᠣᠢ᠂ ᠡᠨᠡ ᠡᠵᠡᠨ ᠡᠨᠡ ᠮᠡᠲᠦ ᠲᠡᠭᠷᠢ ᠶ᠋ᠢᠨ ᠰᠠᠨᠠᠭᠠᠨ ᠠᠬᠤᠢ ᠳ᠋ᠤᠷ ᠮᠠᠨ ᠤ᠋ ᠤᠯᠤᠰ ᠬᠡᠷᠬᠢᠨ ᠴᠢᠳᠠᠬᠤ ?》 ᠶᠠᠪᠤᠭ᠎ᠠ ᠠᠰᠠᠭᠤᠷᠤᠨ :《ᠤᠪᠠᠳᠢᠰ ᠰᠤᠷᠴᠤ ᠬᠡᠷᠬᠢᠮᠦᠢ ? 》 ᠳᠤᠷᠳᠤᠩ ᠥᠭᠦᠯᠡᠷᠦᠨ :《ᠤᠯᠤᠰ ᠢ᠋ᠶ᠋ᠠᠨ ᠬᠠᠮᠠᠭᠠᠯᠠᠮᠤᠢ 》ᠬᠡᠮᠡᠪᠡ᠃ ᠶᠠᠪᠤᠭ᠎ᠠ ᠡᠨᠡ ᠦᠭᠡ ᠶ᠋ᠢ ᠬᠢᠨᠠᠨ ᠰᠣᠨᠣᠰᠴᠤ ᠰᠥᠨᠢ ᠪᠡᠷ ᠮᠤᠬᠤᠯᠢ ᠳ᠋ᠤᠷ ᠢᠷᠡᠵᠦ ᠮᠡᠳᠡᠭᠦᠯᠦᠷᠦᠨ :《 ᠡᠨᠡ ᠲᠠᠩᠭᠤᠳ ᠤᠯᠤᠰ ᠡᠭᠡᠨᠡᠭᠲᠡ ᠰᠠᠢᠨ ᠰᠠᠨᠠᠭ᠎ᠠ ᠦᠭᠡᠢ᠂ ᠰᠣᠨᠣᠰᠬᠤᠯ᠎ᠠ ᠡᠳᠦᠭᠡ ᠲᠡᠭᠦᠨ ᠦ᠌ ᠤᠯᠤᠰ ᠲᠤᠷ ᠲᠠᠪᠤᠨ ᠵᠠᠭᠤᠨ ᠪᠡᠯᠪᠡᠰᠦᠨ ᠡᠬᠡᠨᠡᠷ ᠢ᠋ ᠴᠤᠭᠯᠠᠭᠤᠯᠵᠤ ᠤᠪᠠᠳᠢᠰ ᠰᠤᠷᠭᠠᠮᠤᠢ ᠬᠡᠮᠡᠮᠦ ! 》 ᠭᠡᠵᠦ ᠮᠡᠳᠡᠭᠦᠯᠦᠭᠰᠡᠨ ᠳ᠋ᠦ᠍ᠷ ᠮᠤᠬᠤᠯᠢ ᠢᠨᠢᠶᠡᠨ ᠥᠭᠦᠯᠡᠷᠦᠨ᠄《 ᠭᠠᠵᠢᠭᠤ ᠰᠣᠯᠣᠭᠠᠢ ᠲᠥᠪ ᠴᠢᠬᠡ ᠶ᠋ᠢ ᠬᠡᠷᠬᠢᠨ ᠴᠢᠳᠠᠬᠤ ? ᠰᠤᠯᠠ ᠦᠭᠡ ᠬᠡᠷᠡᠭ ᠦᠭᠡᠢ᠂ ᠡᠳᠦᠭᠡ ᠳᠠᠭᠠᠪᠠᠰᠤ ᠳᠠᠷᠤᠢ ᠳᠠᠭᠠᠵᠤ ᠪᠠᠢᠭᠲᠤᠨ᠂ ᠤᠷᠪᠠᠭᠰᠠᠨ ᠴᠠᠭ ᠲᠤ᠌ ᠵᠢᠴᠢ ᠬᠡᠯᠡᠯᠴᠡᠶ᠎ᠡ᠂ ᠳᠠᠭᠠᠭᠰᠠᠨ ᠢ᠋ ᠳᠠᠢᠯᠠᠪᠠᠰᠤ ᠣᠯᠠᠨ ᠳᠠᠭᠠᠬᠤ ᠠᠷᠠᠳ ᠲᠤᠷ ᠬᠣᠷᠣᠮᠵᠢ ᠪᠣᠯᠤᠮᠤᠢ᠃ 》ᠭᠡᠮᠡᠨ ᠡᠭᠡᠭᠦᠯᠦᠭᠰᠡᠨ᠎ᠡ᠂ ᠶᠠᠪᠤᠭ᠎ᠠ ᠬᠣᠶᠠᠷ ᠤᠳᠠᠭ᠎ᠠ ᠬᠣᠩᠰᠢᠶᠠᠷ ᠵᠥᠭᠡᠭᠡᠭᠡᠳ ᠬᠣᠣᠰ ᠭᠤᠲᠤᠮᠰᠢᠭ ᠪᠣᠯᠵᠤ ᠢᠴᠢᠩᠭᠦᠷᠡᠨ ᠭᠡᠮᠰᠢᠪᠡᠢ᠃ 
      ᠲᠡᠨᠳᠡᠴᠡ ᠮᠤᠬᠤᠯᠢ ᠨᠡᠢᠲᠡ ᠴᠡᠷᠢᠭ ᠦ᠋ᠨ ᠲᠣᠭ᠎ᠠ ᠶ᠋ᠢ ᠪᠠᠢᠴᠠᠭᠠᠵᠤ ᠦᠵᠡᠪᠡᠰᠦ᠂ ᠤᠭ ᠤᠯᠤᠰ ᠤ᠋ᠨ ᠳᠥᠴᠢᠨ ᠲᠦᠮᠡᠨ ᠴᠡᠷᠢᠭ᠂ ᠳᠠᠭᠠᠭᠰᠠᠨ ᠣᠯᠠᠨ ᠠᠢᠮᠠᠭ ᠤ᠋ᠳ ᠤ᠋ᠨ ᠴᠡᠷᠢᠭ ᠨᠠᠶᠠᠨ ᠲᠦᠮᠡᠨ ᠢᠯᠡᠭᠦᠦ ᠯᠤᠭ᠎ᠠ ᠨᠡᠢᠯᠡᠭᠦᠯᠵᠦ ᠨᠢᠭᠡᠨ ᠵᠠᠭᠤᠨ ᠬᠣᠷᠢᠨ ᠲᠦᠮᠡᠨ ᠰᠢᠯᠭᠠᠳᠠᠭ ᠴᠡᠷᠢᠭ ᠪᠣᠯᠤᠭᠰᠠᠨ ᠳ᠋ᠤᠷ ᠮᠤᠬᠤᠯᠢ᠂ ᠲᠠᠢᠽᠦ ᠶ᠋ᠢᠨ ᠤᠯᠤᠰ ᠤ᠋ᠨ ᠬᠡᠷᠡᠭ ᠮᠡᠳᠡᠭᠦᠯᠬᠦ ᠲᠠᠭᠲᠤ ᠳ᠋ᠤᠷ ᠢᠷᠡᠵᠦ ᠮᠡᠳᠡᠭᠦᠯᠦᠷᠦᠨ᠄《 ᠮᠠᠨ ᠤ᠋ ᠤᠯᠤᠰ ᠤ᠋ᠨ ᠨᠡᠢᠭᠡᠮ ᠴᠡᠷᠢᠭ ᠦ᠋ᠨ ᠲᠣᠭ᠎ᠠ ᠰᠠᠢᠨ ᠮᠠᠭᠤ ᠲᠠᠢ ᠬᠣᠶᠠᠷ ᠵᠠᠭᠤᠨ ᠲᠦᠮᠡᠨ ᠢᠯᠡᠭᠦᠦ᠂ ᠰᠢᠯᠭᠠᠵᠤ ᠭᠠᠷᠭᠠᠭᠰᠠᠨ ᠠᠨᠤ ᠨᠢᠭᠡᠨ ᠵᠠᠭᠤᠨ ᠬᠣᠷᠢᠨ ᠲᠦᠮᠡᠨ ᠢᠯᠡᠭᠦᠦ᠂ ᠡᠭᠦᠨ ᠡᠴᠡ ᠵᠠᠭᠤᠨ ᠠ᠋ᠴᠠ ᠨᠢᠭᠡᠨ ᠢ᠋ ᠰᠣᠩᠭᠣᠵᠤ ᠭᠠᠷᠭᠠᠭᠰᠠᠨ ᠴᠡᠷᠢᠭ ᠡᠳᠦᠭᠡ ᠲᠠᠪᠤᠨ ᠲᠦᠮᠡᠨ ᠭᠤᠷᠪᠠᠨ ᠮᠢᠩᠭᠠᠨ ᠢᠯᠡᠭᠦᠦ ᠪᠣᠢ᠃ ᠲᠦᠰᠢᠮᠡᠯ ᠪᠢ ᠪᠣᠳᠣᠪᠠᠰᠤ᠂ ᠮᠠᠨ ᠤ᠋ ᠠᠷᠤ ᠭᠠᠵᠠᠷ ᠤ᠋ᠨ ᠴᠡᠷᠢᠭ ᠬᠡᠳᠦᠢ ᠡᠮᠦᠨ᠎ᠡ ᠭᠠᠵᠠᠷ ᠤ᠋ᠨ ᠴᠡᠷᠢᠭ ᠮᠡᠲᠦ ᠬᠦᠨᠡᠰᠦ ᠬᠦᠴᠦᠨ ᠬᠡᠲᠦᠷᠬᠡᠢ ᠡᠰᠡ ᠰᠦᠢᠳᠬᠡᠪᠡᠴᠦ ᠬᠡᠷᠪᠡ ᠴᠡᠷᠢᠭ ᠢ᠋ ᠬᠥᠳᠡᠯᠭᠡᠪᠡᠰᠦ ᠡᠷᠬᠡᠪᠰᠢ ᠬᠦᠨᠡᠰᠦ ᠣᠷᠣᠬᠤ ᠪᠣᠯᠤᠮᠤᠢ᠃ ᠮᠠᠨ ᠤ᠋ ᠴᠡᠷᠢᠭ ᠦ᠋ᠨ ᠴᠢᠭᠢᠷᠠᠭ ᠪᠣᠯᠤᠭᠰᠠᠨ ᠠᠨᠤ ᠴᠡᠷᠢᠭ ᠦ᠋ᠨ ᠠᠷᠠᠳ ᠢ᠋ ᠥᠷᠥᠰᠢᠶᠡᠨ ᠢᠳᠡᠭᠡᠨ ᠤᠮᠳᠠᠭᠠᠨ ᠳᠡᠪᠡᠯ ᠬᠤᠪᠴᠠᠰᠤ ᠶ᠋ᠢ ᠪᠤᠰᠤ ᠠᠢᠮᠠᠭ ᠤ᠋ᠳ ᠤ᠋ᠨ ᠴᠡᠷᠢᠭ ᠡᠴᠡ ᠢᠯᠡᠭᠦᠦ ᠲᠠᠪᠤᠨ ᠬᠤᠪᠢ ᠪᠠᠷ ᠲᠡᠵᠢᠭᠡᠭᠰᠡᠭᠡᠷ ᠰᠠᠢ ᠣᠯᠠᠨ ᠭᠠᠳᠠᠭᠠᠳᠤ ᠠᠢᠮᠠᠭ ᠤ᠋ᠨ ᠴᠡᠷᠢᠭ ᠦ᠋ᠨ ᠰᠡᠳᠬᠢᠯ ᠳᠠᠭᠠᠵᠤ ᠦᠬᠦᠨ ᠵᠢᠳᠬᠦᠮᠦᠢ᠃ ᠡᠳᠦᠭᠡ ᠬᠦᠨᠡᠰᠦ ᠢᠳᠡᠭᠡᠨ ᠳᠡᠪᠡᠯ ᠬᠤᠪᠴᠠᠳ ᠡᠨᠡ ᠮᠡᠲᠦ ᠥᠭᠬᠦᠢ ᠳ᠋ᠦ᠍ᠷ ᠣᠨ ᠤᠳᠠᠪᠠᠰᠤ ᠮᠠᠨ ᠤ᠋ ᠤᠯᠤᠰ ᠤ᠋ᠨ ᠬᠦᠴᠦᠨ ᠬᠦᠷᠦᠯᠴᠡᠬᠦ ᠦᠭᠡᠢ ᠪᠣᠯᠤᠮᠤᠢ᠂ ᠬᠦᠴᠦᠨ ᠮᠣᠬᠣᠪᠠᠰᠤ ᠴᠡᠷᠢᠭ ᠶᠠᠳᠠᠩᠭᠢ᠂ ᠴᠡᠷᠢᠭ ᠶᠠᠳᠠᠭᠤᠷᠠᠪᠠᠰᠤ ᠰᠦᠷ ᠪᠠᠭᠤᠷᠠᠵᠤ ᠬᠡᠰᠢᠭ ᠵᠠᠢᠳᠠᠭᠠᠳ ᠤᠯᠤᠰ ᠲᠤᠷ ᠬᠣᠣᠷ ᠪᠣᠯᠤᠮᠤᠢ᠂ ᠲᠦᠰᠢᠮᠡᠯ ᠮᠢᠨᠦ ᠪᠣᠳᠣᠯᠭᠠᠨ ᠳ᠋ᠤᠷ ᠶᠠᠮᠪᠠᠷᠪᠠ ᠴᠡᠷᠢᠭ ᠬᠤᠷᠴᠠ ᠴᠢᠭᠢᠷᠠᠭ ᠤᠷᠠᠨ ᠣᠨᠣᠪᠴᠢᠲᠠᠢ ᠳ᠋ᠤᠷ ᠪᠠᠢᠬᠤ ᠪᠣᠢ ᠊ᠶ᠎ᠠ᠂ ᠣᠯᠠᠨ ᠠᠷᠪᠢᠨ ᠳ᠋ᠤᠷ ᠦᠭᠡᠢ᠃ ᠮᠠᠨ ᠤ᠋ ᠡᠵᠡᠨ ᠲᠦᠰᠢᠮᠡᠯ ᠬᠠᠷᠠᠬᠠᠨ ᠠᠷᠪᠠᠨ ᠬᠡᠳᠦᠨ ᠨᠠᠰᠤᠨ ᠠ᠋ᠴᠠ ᠴᠡᠷᠢᠭ ᠪᠠᠢᠭᠤᠯᠵᠤ ᠳᠥᠷᠪᠡᠨ ᠵᠦᠭ ᠪᠠᠢᠯᠳᠤᠨ ᠳᠠᠢᠯᠠᠵᠤ ᠶᠠᠪᠤᠭᠰᠠᠨ ᠠ᠋ᠴᠠ ᠡᠳᠦᠭᠡ ᠬᠦᠷᠲᠡᠯ᠎ᠡ ᠴᠥᠮ ᠴᠥᠭᠡᠨ ᠢ᠋ᠶ᠋ᠡᠷ ᠣᠯᠠᠨ ᠢ᠋ ᠳᠠᠢᠯᠠᠭᠰᠠᠨ ᠪᠣᠢ ᠊ᠶ᠎ᠠ᠂ ᠣᠯᠠᠨ ᠢ᠋ᠶ᠋ᠠᠷ  ᠴᠥᠭᠡᠨ ᠢ᠋ ᠳᠠᠷᠤᠭᠰᠠᠨ ᠶᠠᠪᠤᠳᠠᠯ ᠣᠭᠲᠣ ᠭᠠᠷᠤᠭᠰᠠᠨ ᠦᠭᠡᠢ᠂ ᠪᠤᠰᠤ ᠠᠢᠮᠠᠭ ᠤ᠋ᠳ ᠤ᠋ᠨ ᠣᠯᠠᠨ ᠮᠠᠨ ᠤ᠋ ᠴᠥᠭᠡᠨ ᠳ᠋ᠦ᠍ᠷ ᠳᠠᠷᠤᠭᠳᠠᠭᠰᠠᠨ ᠠᠨᠤ ᠴᠥᠮ ᠢ᠋ᠶ᠋ᠡᠷ ᠮᠠᠨ ᠤ᠋ ᠤᠷᠠᠨ ᠭᠠᠢᠬᠠᠮᠰᠢᠭ ᠬᠤᠷᠴᠠ ᠣᠨᠣᠪᠴᠢᠲᠠᠢ ᠠᠷᠭ᠎ᠠ ᠶ᠋ᠢ ᠬᠡᠷᠡᠭᠯᠡᠭᠰᠡᠨ ᠦ᠌ ᠲᠤᠰᠠ ᠪᠣᠯᠠᠢ᠂ ᠲᠡᠢᠨ ᠬᠦ᠌ ᠡᠳᠦᠭᠡ ᠴᠡᠷᠢᠭ ᠦ᠋ᠨ ᠳᠤᠷ᠎ᠠ ᠶ᠋ᠢ ᠠᠰᠠᠭᠤᠵᠤ ᠴᠥᠭᠡᠴᠢᠯᠡᠭᠡᠳ ᠳᠤᠷᠠᠲᠠᠢ ᠶ᠋ᠢ ᠴᠡᠷᠢᠭ ᠪᠣᠯᠭᠠᠨ᠂ ᠳᠤᠷ᠎ᠠ ᠦᠭᠡᠢ ᠶ᠋ᠢ ᠢᠨᠤ ᠠᠵᠤ ᠲᠥᠷᠥᠭᠦᠯᠵᠦ ᠮᠠᠯ ᠦᠷᠡᠵᠢᠭᠦᠯᠦᠭᠡᠳ ᠠᠯᠪᠠ ᠣᠯᠰᠤᠭᠠᠢ᠃ ᠡᠢᠨ ᠪᠣᠯᠪᠠᠰᠤ ᠤᠯᠤᠰ ᠤ᠋ᠨ ᠦᠨᠳᠦᠰᠦᠨ ᠪᠠᠲᠤ ᠪᠣᠯᠤᠭᠠᠳ ᠬᠣᠢᠴᠢ ᠡᠳᠦᠷ ᠡᠵᠡᠨ ᠬᠡᠳᠦᠢ ᠬᠣᠯᠠ ᠬᠠᠷᠢ ᠤᠯᠤᠰ ᠲᠤᠷ ᠠᠶᠠᠯᠠᠪᠠᠴᠤ ᠤᠯᠤᠰ ᠲᠤᠷ ᠲᠦᠭᠰᠢᠭᠦᠷᠢ ᠦᠭᠡᠢ ᠪᠣᠯᠤᠮᠤᠢ᠂ ᠨᠢᠭᠡᠨ ᠳ᠋ᠦ᠍ᠷ ᠤᠯᠤᠰ ᠪᠠᠶᠠᠵᠢᠵᠤ᠂ ᠬᠣᠶᠠᠷ ᠲᠤᠷ ᠴᠡᠷᠢᠭ ᠦ᠋ᠨ ᠬᠦᠴᠦᠨ ᠨᠡᠮᠡᠮᠦᠢ᠂ ᠬᠣᠯᠠ ᠤᠯᠤᠰ ᠲᠤᠷ ᠣᠯᠠᠨ ᠴᠡᠷᠢᠭ ᠮᠣᠷᠳᠠᠪᠠᠰᠤ ᠠᠰᠢᠭ ᠦᠭᠡᠢ᠂ ᠥᠪᠡᠷ ᠦ᠋ᠨ ᠤᠯᠤᠰ ᠲᠤᠷ ᠠᠪᠠᠰᠤ ᠰᠦᠢᠳᠬᠡᠯ ᠬᠦᠨᠳᠦ ᠪᠣᠯᠤᠮᠤᠢ᠃ 》ᠬᠡᠮᠡᠭᠰᠡᠨ ᠳ᠋ᠦ᠍ᠷ ᠲᠠᠢᠽᠦ ᠶᠡᠬᠡᠯ᠎ᠡ ᠪᠠᠶᠠᠷᠯᠠᠵᠤ᠂ ᠲᠠᠢ ᠰᠡᠴᠡᠨ᠂ ᠥᠷᠯᠥᠭ ᠰᠡᠴᠡᠨ᠂ ᠲᠣᠷᠭᠠᠨ ᠰᠢᠷ᠎ᠠ᠂ ᠯᠢᠳᠠᠷ ᠰᠡᠴᠡᠨ᠂ ᠮᠤᠬᠤᠯᠢ᠂  ᠪᠤᠭᠤᠷᠵᠢ ᠨᠠᠷ ᠢ᠋ ᠬᠢᠨᠠᠨ ᠲᠣᠭᠲᠠᠭ᠎ᠠ ᠭᠡᠮᠡᠨ ᠵᠠᠬᠢᠪᠠ᠃ 
      ᠲᠡᠳᠦᠢ ᠵᠢᠷᠭᠤᠭᠠᠨ ᠰᠠᠢᠳ ᠤᠯᠤᠰ ᠤ᠋ᠨ ᠡᠩ ᠦ᠋ᠨ ᠬᠡᠷᠡᠭ ᠵᠥᠪᠯᠡᠬᠦ ᠴᠠᠴᠠᠷ ᠲᠤᠷ ᠢᠷᠡᠵᠦ ᠵᠠᠯᠮ᠎ᠠ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ᠂ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠰᠡᠴᠡᠨ ᠪᠡᠬᠢ᠂ ᠪᠠᠶᠠᠨ ᠡᠳᠡᠭᠡᠷ ᠰᠡᠴᠡᠳ ᠢ᠋ ᠳᠥᠷᠪᠡᠨ ᠵᠦᠭ ᠦ᠋ᠨ ᠤᠯᠤᠰ ᠤᠯᠤᠰ ᠲᠤᠷ ᠵᠠᠷᠤᠵᠤ ᠴᠡᠷᠢᠭ ᠦ᠋ᠨ ᠳᠤᠷ᠎ᠠ ᠶ᠋ᠢ ᠠᠰᠠᠭᠤᠵᠤ ᠴᠥᠭᠡᠳᠬᠡᠷ᠎ᠡ ᠢᠯᠡᠭᠡᠪᠡ᠃ ᠪᠠᠰᠠ ᠲᠠᠪᠤᠨ ᠪᠠᠷᠰ ᠤ᠋ᠨ ᠵᠠᠩᠵᠤᠨ ᠲᠣᠭᠲᠣᠩᠭᠣ᠂ ᠰᠥᠪᠡᠭᠡᠲᠡᠢ᠂ ᠭᠢᠯᠦᠭᠡᠨ᠂ ᠵᠦᠯᠭᠡᠲᠡᠢ᠂ ᠬᠤᠢᠯᠠᠳᠠᠷ ᠡᠨᠡ ᠲᠠᠪᠤᠭᠤᠯᠠ ᠳ᠋ᠤᠷ ᠲᠠᠪᠤᠨ ᠲᠦᠮᠡᠨ ᠪᠣᠯᠣᠳ ᠬᠦᠴᠦᠲᠦ ᠴᠡᠷᠢᠭ ᠢ᠋ ᠪᠣᠯᠪᠠᠰᠤᠷᠠᠭᠤᠯᠤᠨ ᠲᠡᠵᠢᠭᠡᠯ ᠬᠦᠨᠡᠰᠦ ᠶ᠋ᠢ ᠨᠡᠮᠡᠭᠦᠯᠪᠡ᠃ 
       ᠡᠨᠡ ᠵᠠᠪᠰᠠᠷ ᠲᠠᠩᠭᠤᠳ ᠤ᠋ᠨ ᠡᠯᠴᠢ ᠳᠤᠷᠳᠤᠩ ᠡᠭᠡᠬᠦ ᠵᠠᠮ ᠳ᠋ᠤᠷ ᠪᠠᠷᠠᠭᠤᠨ ᠡᠮᠦᠨ᠎ᠡ ᠬᠠᠷᠯᠢᠭ ᠤ᠋ᠨ ᠵᠡᠭᠦᠨ ᠡᠮᠦᠨ᠎ᠡ ᠵᠣᠪᠬᠢᠰ ᠢ᠋ᠶ᠋ᠠᠷ ᠳᠠᠭᠠᠷᠢᠨ ᠭᠠᠷᠬᠤᠢ ᠳ᠋ᠤᠷ ᠂ ᠬᠠᠷᠯᠢᠭᠤᠳ ᠤᠯᠤᠰ ᠤ᠋ᠨ ᠡᠵᠡᠨ ᠢᠨᠤ ᠠᠷᠰᠯᠠᠨ ᠬᠠᠭᠠᠨ ᠬᠥᠮᠦᠨ ᠢᠨᠤ ᠮᠠᠰᠢ ᠣᠮᠣᠷᠬᠠᠭ ᠳᠡᠭᠡᠷᠡᠩᠭᠦᠢ ᠪᠥᠭᠡᠳ ᠬᠦᠴᠦᠨ ᠢᠨᠤ ᠬᠡᠲᠦᠷᠬᠡᠢ᠂ ᠤᠭ ᠲᠤᠷ ᠲᠡᠭᠦᠨ ᠦ᠌ ᠤᠯᠤᠰ ᠤ᠋ᠨ ᠡᠵᠡᠨ ᠮᠠᠢᠳᠠᠷ ᠬᠡᠮᠡᠭᠴᠢ ᠶ᠋ᠢ ᠭᠠᠭᠴᠠᠭᠠᠷ ᠬᠡᠳᠦᠨ ᠵᠠᠭᠤᠨ ᠬᠥᠮᠦᠨ ᠯᠦ᠋ᠭᠡ ᠪᠠᠢᠯᠳᠤᠵᠤ ᠳᠠᠷᠤᠭᠠᠳ ᠳᠠᠷᠤᠢ ᠤᠯᠤᠰ ᠢ᠋ ᠠᠨᠤ ᠡᠵᠡᠯᠡᠭᠰᠡᠨ ᠠᠵᠤᠭᠤ᠂ ᠮᠠᠢᠳᠠᠷ ᠤ᠋ᠨ ᠬᠥᠮᠦᠨ ᠢᠨᠤ ᠥᠷᠥᠰᠢᠶᠡᠩᠭᠦᠢ᠂ ᠡᠨᠡ ᠦᠶ᠎ᠡ ᠳ᠋ᠦ᠍ᠷ ᠮᠥᠨ ᠤᠯᠤᠰ ᠲᠤᠷ ᠰᠢᠷ᠎ᠠ ᠶ᠋ᠢᠨ ᠱᠠᠰᠢᠨ ᠪᠣᠯᠤᠭᠰᠠᠨ ᠳ᠋ᠤᠷ᠂ ᠡᠳᠦᠭᠡᠬᠢ ᠮᠠᠨ ᠤ᠋ ᠮᠣᠩᠭᠣᠯ ᠤᠯᠤᠰ ᠲᠤᠷ ᠳᠡᠯᠭᠡᠷᠡᠭᠰᠡᠨ ᠮᠡᠲᠦ ᠬᠡᠲᠦᠷᠬᠡᠢ ᠳᠡᠯᠭᠡᠷᠡᠵᠦ᠂ ᠡᠨᠡ ᠮᠠᠢᠳᠠᠷ ᠳᠠᠷᠤᠢ ᠳᠣᠣᠷᠠᠬᠢ ᠠᠷᠰᠯᠠᠨ ᠬᠡᠮᠡᠬᠦ ᠶᠡᠬᠡ ᠴᠡᠷᠢᠭ ᠦ᠋ᠨ ᠨᠣᠶᠠᠨ ᠳ᠋ᠤᠷ ᠢ᠋ᠶ᠋ᠠᠨ ᠤᠯᠤᠰ ᠢ᠋ᠶ᠋ᠠᠨ ᠲᠤᠰᠢᠶᠠᠭᠰᠠᠨ ᠳ᠋ᠤᠷ ᠡᠨᠡ ᠠᠷᠰᠯᠠᠨ ᠪᠠᠢᠳᠠᠯ ᠢ᠋ ᠦᠵᠡᠪᠡᠰᠦ ᠲᠥᠷᠥ ᠶ᠋ᠢ ᠢᠨᠦ ᠪᠤᠯᠢᠶᠠᠵᠤ ᠪᠣᠯᠬᠤ ᠲᠤᠯᠠ ᠳᠠᠷᠤᠢ ᠬᠥᠳᠡᠯᠦᠨ ᠬᠠᠭᠠᠨ ᠢ᠋ᠶ᠋ᠠᠨ ᠠᠯᠠᠭᠰᠠᠨ ᠳ᠋ᠤᠷ ᠮᠠᠢᠳᠠᠷ ᠤ᠋ᠨ ᠰᠢᠳᠠᠷ ᠴᠡᠷᠢᠭ ᠭᠠᠷ ᠬᠥᠳᠡᠯᠦᠭᠰᠡᠨ ᠢ᠋ ᠴᠥᠮ ᠴᠠᠪᠴᠢᠨ ᠠᠯᠠᠵᠤ ᠳᠠᠷᠤᠭᠠᠳ ᠰᠠᠭᠤᠷᠢᠨ ᠢ᠋ ᠪᠤᠯᠢᠶᠠᠨ ᠠᠪᠴᠤ ᠲᠡᠳᠦᠢ ᠣᠯᠠᠨ ᠬᠥᠮᠦᠨ ᠲᠡᠭᠦᠨ ᠦ᠌ ᠬᠦᠴᠦᠨ ᠡᠴᠡ ᠠᠶᠤᠵᠤ ᠲᠡᠮᠡᠴᠡᠭᠰᠡᠨ ᠦᠭᠡᠢ ᠳᠠᠭᠠᠭᠰᠠᠨ ᠠᠵᠤᠭᠤ᠃ ᠡᠨᠡ ᠠᠷᠰᠯᠠᠨ ᠬᠦᠴᠦᠨ ᠳ᠋ᠦ᠍ᠷ ᠢ᠋ᠶ᠋ᠡᠨ ᠡᠷᠡᠮᠰᠢᠵᠦ ᠬᠠᠭᠠᠨ ᠰᠠᠭᠤᠭᠰᠠᠨ ᠲᠤᠯᠠ ᠲᠡᠭᠦᠨ ᠦ᠌ ᠣᠮᠣᠭ ᠰᠠᠨᠠᠭᠠᠨ ᠨᠡᠩ ᠴᠢᠭᠢᠷᠠᠭ ᠬᠠᠳᠠᠨ᠂ ᠲᠡᠭᠦᠨ ᠦ᠌ ᠴᠡᠷᠢᠭ ᠢᠨᠦ ᠪᠠᠰᠠ ᠮᠠᠰᠢ ᠬᠡᠴᠡᠭᠦᠦ᠂ ᠲᠡᠢᠨ ᠬᠦ᠌ ᠪᠧᠲ᠋ᠠ᠋ ᠤᠯᠤᠰ ᠤ᠋ᠨ ᠬᠣᠢᠲᠤ ᠭᠠᠵᠠᠷ ᠢ᠋ ᠨᠡᠢᠭᠡᠮᠯᠡᠭᠰᠡᠨ ᠢ᠋ ᠰᠣᠨᠣᠰᠴᠤ ᠬᠠᠷᠠᠬᠠᠨ ᠠᠮᠤᠷ ᠦᠭᠡᠢ ᠪᠦᠬᠦᠢ ᠳ᠋ᠦ᠍ᠷ ᠡᠳᠦᠭᠡ ᠲᠡᠭᠦᠨ ᠦ᠌ ᠡᠮᠦᠨ᠎ᠡ ᠲᠠᠩᠭᠤᠳ ᠤ᠋ᠨ ᠶᠡᠬᠡ ᠤᠯᠤᠰ ᠪᠠᠰᠠ ᠳᠠᠭᠠᠷ᠎ᠠ ᠡᠯᠴᠢ ᠵᠠᠷᠤᠪᠠ ᠭᠡᠮᠡᠨ ᠰᠣᠨᠣᠰᠴᠤ ᠵᠠᠮ ᠳ᠋ᠤᠷ ᠴᠡᠷᠢᠭ ᠳᠠᠩᠨᠠᠭᠤᠯᠵᠤ᠂ ᠲᠠᠩᠭᠤᠳ ᠤ᠋ᠨ ᠡᠯᠴᠢ ᠳᠤᠷᠳᠤᠩ ᠢ᠋ ᠪᠠᠷᠢᠵᠤ ᠠᠴᠢᠷᠠᠭᠠᠳ ᠠᠷᠰᠯᠠᠨ ᠬᠠᠭᠠᠨ ᠶᠡᠬᠡᠯ᠎ᠡ ᠠᠭᠤᠷᠯᠠᠵᠤ ᠥᠭᠦᠯᠡᠷᠦᠨ᠄ 《 ᠴᠢᠨᠦ ᠡᠵᠡᠨ ᠰᠢᠳᠤᠷᠭᠤ ᠪᠣᠭᠣᠯ ᠰᠠᠢᠬᠠᠨ ᠰᠢᠮᠨᠤ ᠡᠮ᠎ᠡ ᠶ᠋ᠢᠨ ᠦᠭᠡᠨ ᠳ᠋ᠦ᠍ᠷ ᠣᠷᠣᠵᠤ᠂ ᠬᠡᠨ ᠬᠥᠮᠦᠨ ᠬᠦᠴᠦᠲᠡᠢ ᠪᠣᠯᠪᠠᠰᠤ ᠲᠡᠷᠡ ᠬᠥᠮᠦᠨ ᠢ᠋ ᠪᠢᠯᠳᠠᠤᠴᠢᠯᠠᠨ ᠳᠠᠭᠠᠬᠤ ᠶᠠᠭᠤᠨ? 》 ᠳᠤᠷᠳᠤᠩ ᠥᠭᠦᠯᠡᠷᠦᠨ᠄ 《 ᠮᠠᠨ ᠤ᠋ ᠡᠵᠡᠨ ᠳᠤᠷᠠᠲᠠᠶ᠎ᠠ ᠳᠠᠭᠠᠭᠰᠠᠨ ᠠᠨᠤ ᠪᠤᠰᠤ᠂ ᠪᠧᠲ᠋ᠠ᠋ ᠤᠯᠤᠰ ᠤ᠋ᠨ ᠬᠡᠴᠡᠭᠦᠦ ᠡᠴᠡ ᠠᠶᠤᠬᠤ ᠳ᠋ᠠᠭᠠᠨ ᠳᠠᠭᠠᠭᠰᠠᠨ ᠪᠥᠯᠥᠭᠡ᠃ 》ᠠᠷᠰᠯᠠᠨ ᠬᠠᠭᠠᠨ ᠥᠭᠦᠯᠡᠷᠦᠨ᠄ 《 ᠪᠢ ᠪᠠᠰᠠ ᠬᠡᠴᠡᠭᠦᠦ ᠠᠲᠠᠯ᠎ᠠ ᠲᠠ ᠶᠠᠭᠤᠨ ᠳ᠋ᠤᠷ ᠨᠠᠳᠠ ᠳ᠋ᠤᠷ ᠦᠯᠦ ᠳᠠᠭᠠᠮᠤᠢ ?》ᠳᠤᠷᠳᠤᠩ ᠥᠭᠦᠯᠡᠷᠦᠨ᠄《 ᠪᠢ ᠡᠭᠡᠵᠦ ᠡᠴᠢᠮᠡᠭᠴᠡ ᠡᠵᠡᠨ ᠳ᠋ᠦ᠍ᠷ ᠢ᠋ᠶ᠋ᠡᠨ ᠠᠢᠯᠠᠳᠬᠠᠵᠤ ᠶᠡᠬᠡ ᠬᠠᠭᠠᠨ ᠳ᠋ᠤᠷ ᠳᠠᠭᠠᠵᠤ ᠠᠯᠪᠠ ᠪᠠᠷᠢᠰᠤᠭᠠᠢ !》ᠬᠡᠮᠡᠬᠦᠢ ᠳ᠋ᠦ᠍ᠷ ᠠᠷᠰᠯᠠᠨ ᠬᠠᠭᠠᠨ ᠬᠦᠯᠢᠶᠡᠰᠦᠨ ᠢ᠋ ᠲᠠᠯᠪᠢᠵᠤ ᠤᠯᠤᠰ ᠲᠤᠷ ᠶᠠᠪᠤᠭᠤᠯᠪᠠ᠃ ᠲᠡᠳᠦᠢ ᠲᠥᠷᠥ ᠶ᠋ᠢᠨ ᠳᠥᠷᠪᠡᠨ ᠲᠦᠰᠢᠮᠡᠯ – ᠲᠡᠷᠢᠭᠦᠨ ᠲᠦᠰᠢᠮᠡᠯ ᠴᠠᠰ ᠠᠭᠤᠯᠠ᠂ ᠬᠣᠶᠠᠳᠤᠭᠠᠷ ᠲᠦᠰᠢᠮᠡᠯ ᠬᠠᠰ ᠮᠥᠷᠡᠨ᠂ ᠭᠤᠷᠪᠠᠳᠤᠭᠠᠷ ᠲᠦᠰᠢᠮᠡᠯ ᠵᠠᠭᠠᠨ ᠬᠣᠷᠣᠭ᠎ᠠ᠂ ᠳᠥᠷᠪᠡᠳᠦᠭᠡᠷ ᠲᠦᠰᠢᠮᠡᠯ ᠠᠯᠲᠠᠨ ᠮᠠᠷᠠᠯ ᠳᠥᠷᠪᠡᠭᠦᠯᠡ ᠶ᠋ᠢ ᠳᠠᠭᠤᠳᠠᠵᠤ ᠥᠭᠦᠯᠡᠷᠦᠨ᠄《ᠡᠳᠦᠭᠡ ᠡᠨᠡ ᠬᠡᠳᠦᠨ ᠵᠢᠯ ᠦ᠋ᠨ ᠬᠣᠭᠣᠷᠣᠨᠳᠣ ᠪᠧᠲ᠋ᠠ᠋ ᠤᠯᠤᠰ ᠤ᠋ᠨ ᠡᠵᠡᠨ ᠲᠡᠮᠦᠵᠢᠨ ᠳᠥᠷᠪᠡᠨ ᠵᠦᠭ ᠳᠠᠢᠯᠠᠨ ᠶᠠᠪᠤᠵᠤ᠂ ᠮᠠᠨ ᠤ᠋ ᠳᠠᠩ ᠰᠠᠴᠠᠭᠤ ᠤᠯᠤᠰ ᠢ᠋ ᠠᠷᠪᠠᠨ ᠬᠡᠳᠦᠨ ᠢ᠋ ᠬᠤᠷᠢᠶᠠᠵᠤᠬᠤᠢ᠃ ᠡᠷᠲᠡᠨ ᠦ᠌ ᠦᠭᠡ ᠳ᠋ᠦ᠍ᠷ ᠡᠷ᠎ᠡ ᠬᠥᠮᠦᠨ < ᠬᠠᠨ᠎ᠠ ᠶ᠋ᠢᠨ ᠢᠷᠣᠭᠠᠷ ᠲᠥᠷᠥᠵᠦ ᠬᠠᠳᠠ ᠶ᠋ᠢᠨ ᠢᠷᠣᠭᠠᠷ ᠦᠬᠦᠬᠦ > ᠬᠡᠮᠡᠳᠡᠭ᠂ ᠪᠢ ᠡᠳᠦᠭᠡ  ᠪᠧᠲ᠋ᠠ᠋ ᠤᠯᠤᠰ ᠢ᠋ ᠳᠠᠷᠤᠵᠤ ᠬᠣᠯᠠ ᠣᠢᠷ᠎ᠠ ᠤᠯᠤᠰ ᠲᠤᠷ ᠡᠷ᠎ᠡ ᠪᠡᠨ ᠮᠡᠳᠡᠭᠦᠯᠰᠦᠭᠡᠢ᠃ ᠮᠢᠨᠦ ᠲᠠᠪᠢᠨ ᠲᠦᠮᠡᠨ ᠰᠢᠯᠭᠠᠳᠠᠭ ᠴᠡᠷᠢᠭ ᠪᠧᠲ᠋ᠠ᠋ ᠤᠯᠤᠰ ᠤ᠋ᠨ ᠬᠣᠷᠢᠨ ᠲᠦᠮᠡᠨ ᠡᠴᠡ ᠠᠶᠤᠬᠤ ᠤᠤ᠃ 》ᠬᠡᠮᠡᠬᠦᠢ ᠳ᠋ᠦ᠍ᠷ ᠴᠠᠰ ᠠᠭᠤᠯᠠ ᠥᠭᠦᠯᠡᠷᠦᠨ᠄《 ᠡᠵᠡᠨ ᠮᠢᠨᠦ ᠡᠨᠡ ᠤᠳᠠᠭ᠎ᠠ ᠶ᠋ᠢᠨ ᠴᠡᠷᠢᠭ ᠲᠦ᠍ᠷ ᠭᠠᠷᠬᠤ ᠶ᠋ᠢ ᠵᠣᠭᠰᠣᠮᠤ᠂ ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠥᠲᠡᠯ᠎ᠡ ᠬᠥᠮᠦᠨ ᠪᠤᠰᠤ᠂ ᠨᠡᠩ ᠪᠠᠰᠠ ᠶᠡᠷᠦ ᠶ᠋ᠢᠨ ᠦᠭᠡᠨ ᠳ᠋ᠦ᠍ᠷ᠄ ᠪᠠᠷᠰ ᠪᠠᠯᠠᠷ ᠠᠭᠤᠯᠠᠨ ᠠ᠋ᠴᠠ ᠦᠯᠦ ᠰᠠᠯᠤᠮᠤᠢ᠂ ᠪᠠᠷᠰ ᠪᠠᠯᠠᠷ ᠭᠠᠵᠠᠷ ᠠ᠋ᠴᠠ ᠰᠠᠯᠵᠤ ᠶᠠᠪᠤᠪᠠᠰᠤ ᠵᠤᠷᠠᠮ᠎ᠠ ᠲᠠᠤᠯᠠᠢ ᠶ᠋ᠢᠨ ᠡᠯᠡᠭᠯᠡᠯ ᠪᠣᠯᠤᠮᠤᠢ᠃ 》ᠡᠭᠦᠨ ᠳ᠋ᠦ᠍ᠷ ᠠᠷᠰᠯᠠᠨ ᠬᠠᠭᠠᠨ ᠥᠭᠦᠯᠡᠷᠦᠨ᠄《ᠪᠢᠳᠡ ᠲᠡᠭᠦᠨ ᠢ᠋ ᠬᠠᠯᠳᠠᠷ᠎ᠠ ᠡᠰᠡ ᠡᠴᠢᠪᠡᠴᠦ ᠲᠡᠷᠡ ᠮᠠᠨ ᠢ᠋ ᠵᠦᠭᠡᠷ ᠣᠷᠬᠢᠬᠤ ᠶᠣᠰᠣ ᠦᠭᠡᠢ᠂ ᠯᠠᠪ ᠬᠠᠯᠳᠠᠷ᠎ᠠ ᠢᠷᠡᠮᠦᠢ᠃ 》ᠴᠠᠰ ᠠᠭᠤᠯᠠ ᠥᠭᠦᠯᠡᠷᠦᠨ᠄《 ᠲᠡᠷᠡ ᠪᠢᠳᠡᠨ ᠢ᠋ ᠬᠠᠯᠳᠠᠷ᠎ᠠ ᠢᠷᠠᠪᠠᠰᠤ ᠲᠡᠷᠡ ᠴᠠᠭ ᠲᠤᠷ ᠪᠢᠳᠡ ᠪᠠᠢᠯᠳᠤᠬᠤᠢ ᠳ᠋ᠤᠷ ᠣᠷᠣᠢᠲᠠᠬᠤ ᠦᠭᠡᠢ᠂ ᠯᠤᠤ ᠳᠠᠯᠠᠢ ᠡᠭᠦᠯᠡ ᠡᠴᠡ ᠦᠯᠦ ᠰᠠᠯᠤᠮᠤᠢ᠂ ᠪᠠᠷᠰ ᠲᠦᠯᠡᠭᠡ ᠰᠠᠯᠬᠢᠨ ᠠ᠋ᠴᠠ ᠦᠯᠦ ᠠᠯᠤᠰᠯᠠᠮᠤᠢ᠃ ᠲᠡᠷᠡ ᠴᠥᠮ ᠪᠡᠶ᠎ᠡ ᠪᠡᠨ ᠳᠠᠯᠳᠠᠯᠠᠨ ᠰᠦᠷ ᠢ᠋ᠶ᠋ᠡᠨ ᠨᠢᠭᠤᠨ ᠶᠠᠪᠤᠬᠤᠢ ᠶ᠋ᠢᠨ ᠠᠷᠭ᠎ᠠ᠂ ᠡᠵᠡᠨ ᠡᠳᠦᠭᠡ ᠴᠡᠷᠢᠭ ᠪᠠᠢᠭᠤᠯᠤᠨ᠂ ᠪᠧᠲ᠋ᠠ᠋ ᠤᠯᠤᠰ ᠢ᠋ ᠳᠠᠢᠯᠠᠷ᠎ᠠ ᠡᠴᠢᠪᠡᠰᠦ ᠲᠡᠷᠢᠭᠦᠨ ᠳ᠋ᠦ᠍ᠷ ᠪᠢᠳᠡ ᠭᠠᠵᠠᠷ ᠠ᠋ᠴᠠ ᠰᠠᠯᠵᠤ ᠪᠠᠷᠰ ᠭᠦᠨ ᠠᠭᠤᠯᠠᠨ ᠠ᠋ᠴᠠ ᠰᠠᠯᠤᠭᠰᠠᠨ ᠮᠡᠲᠦ ᠪᠣᠯᠤᠮᠤᠢ᠃ ᠬᠣᠶᠠᠳᠤᠭᠠᠷ ᠲᠤᠷ ᠴᠡᠷᠢᠭ ᠦ᠋ᠨ ᠬᠦᠨᠡᠰᠦ ᠬᠦᠴᠦᠨ ᠬᠡᠲᠦᠷᠬᠡᠢ ᠣᠷᠣᠮᠤᠢ᠃ ᠭᠤᠷᠪᠠᠨ ᠳ᠋ᠤᠷ ᠬᠥᠮᠦᠨ ᠢ᠋ ᠬᠠᠯᠳᠠᠭᠰᠠᠨ ᠪᠤᠷᠤᠭᠤ ᠮᠠᠨ ᠳ᠋ᠤᠷ ᠪᠣᠯᠤᠮᠤᠢ᠃ ᠡᠢᠨ ᠬᠦ᠌ ᠭᠤᠷᠪᠠᠨ ᠵᠦᠢᠯ ᠦᠯᠦ ᠪᠣᠯᠬᠤ ᠶᠠᠪᠤᠳᠠᠯ ᠪᠠᠢᠬᠤ ᠲᠤᠯᠠ ᠡᠵᠡᠨ ᠡᠨᠡ ᠤᠳᠠᠭ᠎ᠠ ᠶ᠋ᠢᠨ ᠴᠡᠷᠢᠭ ᠢ᠋ ᠵᠣᠭᠰᠣᠪᠠᠰᠤ ᠰᠠᠢᠨ !》 ᠬᠡᠮᠡᠬᠦᠢ ᠳ᠋ᠦ᠍ᠷ ᠬᠠᠰ ᠮᠥᠷᠡᠨ ᠥᠭᠦᠯᠡᠷᠦᠨ᠄《 ᠮᠠᠨ ᠤ᠋ ᠲᠡᠷᠢᠭᠦᠯᠡᠭᠰᠡᠨ ᠲᠦᠰᠢᠮᠡᠯ ᠡᠭᠡᠨᠡᠭᠲᠡ ᠥᠪᠡᠷ ᠦ᠋ᠨ ᠰᠦᠷ ᠢ᠋ ᠪᠠᠭᠤᠷᠠᠭᠤᠯᠵᠤ ᠬᠥᠮᠦᠨ ᠦ᠌ ᠬᠦᠴᠦᠨ ᠢ᠋ ᠮᠠᠨᠳᠤᠭᠤᠯᠤᠮᠤᠢ᠃ ᠬᠡᠷᠪᠡ ᠡᠵᠡᠨ ᠡᠴᠢᠵᠦ ᠴᠡᠷᠢᠭ ᠳᠡᠢᠯᠪᠡᠰᠦ ᠬᠡᠷᠬᠢᠮᠦᠢ ?》ᠴᠠᠰ ᠠᠭᠤᠯᠠ ᠢᠨᠢᠶᠡᠨ ᠥᠭᠦᠯᠡᠷᠦᠨ᠄ 《 ᠡᠨᠡ ᠮᠠᠰᠢ ᠬᠢᠯᠪᠠᠷ ᠬᠡᠷᠡᠭ᠂ ᠮᠢᠨᠦ ᠨᠢᠭᠡᠨ ᠭᠡᠷ ᠢ᠋ ᠤᠯᠤᠰ ᠲᠤᠷ ᠬᠣᠷᠢᠭᠠᠳ ᠨᠠᠮᠠᠶ᠋ᠢ ᠪᠠᠷᠢᠵᠤ ᠴᠡᠷᠢᠭ ᠲᠦ᠍ᠷ ᠠᠪᠠᠴᠢ᠂ ᠬᠡᠷᠪᠡ ᠴᠡᠷᠢᠭ ᠳᠡᠢᠯᠪᠡᠰᠦ ᠨᠠᠮᠠᠶ᠋ᠢ ᠳᠠᠷᠤᠢ ᠴᠡᠷᠢᠭ ᠦ᠋ᠨ ᠬᠦᠷᠢᠶ᠎ᠡ ᠳ᠋ᠦ᠍ᠷ ᠠᠯᠠᠭᠠᠳ ᠡᠭᠡᠬᠦ ᠲᠤᠭ ᠢ᠋ ᠳᠠᠬᠢᠵᠤ ᠬᠠᠷᠢᠵᠤ ᠢᠷᠡᠭᠡᠳ ᠮᠢᠨᠦ ᠰᠠᠨᠠᠭᠠᠨ ᠢ᠋ᠶ᠋ᠠᠷ ᠭᠠᠵᠠᠷ ᠢ᠋ᠶ᠋ᠠᠨ ᠰᠠᠬᠢᠰᠤᠭᠠᠢ !》ᠬᠡᠮᠡᠬᠦᠢ ᠳ᠋ᠦ᠍ᠷ ᠠᠷᠰᠯᠠᠨ ᠬᠠᠭᠠᠨ ᠶᠡᠬᠡᠯ᠎ᠡ ᠠᠭᠤᠷᠯᠠᠵᠤ᠄ 《 ᠳᠠᠷᠤᠢ ᠮᠥᠨ ᠶᠣᠰᠣᠭᠠᠷ ᠪᠣᠯᠲᠤᠭᠠᠢ!》 ᠭᠡᠮᠡᠨ ᠴᠠᠰ ᠠᠭᠤᠯᠠ ᠶ᠋ᠢ ᠨᠢᠭᠡᠨ ᠭᠡᠷ ᠢ᠋ ᠪᠠᠷᠢᠵᠤ᠂ ᠳᠠᠷᠤᠢ ᠲᠡᠭᠦᠨ ᠢ᠋ ᠬᠣᠷᠢᠭᠤᠯ ᠲᠡᠷᠭᠡ ᠳ᠋ᠦ᠍ᠷ ᠬᠣᠷᠢᠭᠤᠯᠵᠤ ᠣᠯᠠᠨ ᠴᠡᠷᠢᠭ ᠢ᠋ᠶ᠋ᠡᠨ ᠰᠢᠯᠭᠠᠪᠠᠰᠤ ᠲᠠᠪᠢᠨ ᠶᠢᠰᠦᠨ ᠲᠦᠮᠡᠨ ᠪᠣᠯᠤᠭᠰᠠᠨ ᠳ᠋ᠤᠷ ᠳᠠᠬᠢᠨ ᠨᠡᠮᠡᠵᠦ ᠪᠠᠢᠭᠤᠯᠤᠨ ᠵᠢᠷᠠᠨ ᠲᠦᠮᠡᠨ ᠴᠡᠷᠢᠭ ᠠᠪᠴᠤ ᠴᠡᠷᠢᠭ ᠦ᠋ᠨ ᠰᠡᠭᠦᠯ ᠳ᠋ᠦ᠍ᠷ ᠴᠠᠰ ᠠᠭᠤᠯᠠ ᠶ᠋ᠢᠨ ᠬᠣᠷᠢᠭᠤᠯ ᠲᠡᠷᠭᠡ ᠶ᠋ᠢ ᠶᠠᠪᠤᠭᠤᠯᠵᠤ᠂ ᠴᠠᠰ ᠠᠭᠤᠯᠠ ᠶ᠋ᠢᠨ ᠣᠷᠣᠨ ᠳ᠋ᠤᠷ ᠬᠠᠰ ᠮᠥᠷᠡᠨ ᠢ᠋ ᠣᠷᠣᠭᠤᠯᠵᠤ᠂ ᠬᠠᠰ ᠮᠥᠷᠡᠨ ᠦ᠌ ᠣᠷᠣᠨ ᠳ᠋ᠤᠷ ᠰᠢᠷ᠎ᠠ ᠭᠣᠣᠯ ᠬᠡᠮᠡᠭᠴᠢ ᠶ᠋ᠢ ᠳᠡᠪᠰᠢᠭᠦᠯᠵᠦ᠂ ᠵᠢᠷᠠᠨ ᠲᠦᠮᠡᠨ ᠴᠡᠷᠢᠭ ᠢ᠋ ᠲᠠᠪᠤᠨ ᠠᠩᠭᠢ ᠬᠤᠪᠢᠶᠠᠵᠤ᠂ ᠬᠠᠷᠠᠭᠴᠢᠨ ᠭᠠᠬᠠᠢ ᠵᠢᠯ ᠢ᠋ ᠥᠩᠭᠡᠷᠡᠵᠦ᠂ ᠳᠠᠷᠤᠢ ᠬᠥᠬᠡ ᠬᠤᠯᠤᠭᠠᠨ᠎ᠠ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠶᠡᠬᠡ ᠴᠡᠷᠢᠭ ᠢ᠋ ᠠᠪᠴᠤ ᠪᠧᠲ᠋ᠠ᠋ ᠤᠯᠤᠰ ᠤ᠋ᠨ ᠵᠦᠭ ᠮᠣᠷᠳᠠᠪᠠ᠃ ᠬᠠᠰ ᠮᠥᠷᠡᠨ ᠢ᠋ ᠨᠢᠭᠡᠨ ᠲᠦᠮᠡᠨ ᠴᠡᠷᠢᠭ ᠢ᠋ ᠠᠪᠤᠭᠤᠯᠵᠤ᠂ ᠬᠣᠰᠢᠭᠤᠴᠢ ᠪᠣᠯᠭᠠᠨ ᠤᠰᠤ ᠤᠴᠠᠷᠠᠪᠠᠰᠤ ᠬᠥᠭᠥᠷᠭᠡ ᠳᠡᠯᠪᠢ᠂ ᠠᠭᠤᠯᠠ ᠤᠴᠠᠷᠠᠪᠠᠰᠤ ᠵᠠᠮ ᠨᠡᠬᠡᠭᠡ᠂  ᠪᠣᠷᠣᠭᠠᠨ ᠤᠴᠠᠷᠠᠪᠠᠰᠤ ᠥᠨᠳᠥᠷ ᠪᠠᠭᠤᠳᠠᠯ ᠪᠡᠯᠡᠳᠭᠡ ᠭᠡᠮᠡᠨ ᠭᠤᠷᠪᠠᠨ ᠵᠡᠷᠭᠡ ᠶᠡᠬᠡ ᠦᠬᠡᠷ ᠫᠤᠤ ᠲᠠᠯᠪᠢᠵᠤ᠂ ᠵᠢᠷᠠᠨ ᠲᠦᠮᠡᠨ ᠶᠡᠬᠡ ᠴᠡᠷᠢᠭ ᠳᠠᠯᠠᠢ ᠶ᠋ᠢᠨ ᠳᠠᠪᠠᠯᠭᠠᠨ ᠮᠡᠲᠦ ᠬᠥᠳᠡᠯᠦᠨ ᠬᠠᠭᠠᠰ ᠰᠠᠷ᠎ᠠ ᠰᠢᠬᠠᠮ ᠶᠠᠪᠤᠵᠤ᠂ ᠪᠧᠲ᠋ᠠ᠋ ᠤᠯᠤᠰ ᠤ᠋ᠨ ᠵᠠᠬ᠎ᠠ ᠬᠠᠷ᠎ᠠ ᠬᠢᠭᠦᠯ ᠳ᠋ᠦ᠍ᠷ ᠬᠦᠷᠪᠡᠰᠦ᠂ ᠪᠧᠲ᠋ᠠ᠋ ᠤᠯᠤᠰ ᠤ᠋ᠨ ᠴᠡᠷᠢᠭ ᠬᠡᠳᠦᠢᠨᠡᠢ ᠤᠭᠲᠤᠨ ᠢᠷᠡᠵᠦ ᠲᠡᠨᠳᠡ ᠭᠦᠨ ᠤᠨᠠᠭᠤᠯᠢ ᠤᠬᠤᠵᠤ ᠪᠡᠯᠡᠳᠦᠨ ᠬᠦᠯᠢᠶᠡᠵᠦᠬᠦᠢ᠃ ᠠᠷᠰᠯᠠᠨ ᠬᠠᠭᠠᠨ ᠶᠡᠬᠡᠯ᠎ᠡ ᠠᠶᠤᠵᠤ ᠥᠭᠦᠯᠡᠷᠦᠨ᠄《 ᠡᠨᠡ ᠪᠧᠲ᠋ᠠ᠋ ᠤᠯᠤᠰ ᠬᠡᠷᠬᠢᠨ ᠣᠯᠵᠤ ᠮᠡᠳᠡᠭᠡᠳ ᠡᠨᠡ ᠮᠡᠲᠦ ᠡᠷᠲᠡ ᠡᠴᠡ ᠪᠡᠯᠡᠳᠦᠨ ᠵᠠᠪᠳᠤᠭᠰᠠᠨ ᠪᠣᠢ ? ᠮᠠᠨ ᠤ᠋ ᠴᠡᠷᠢᠭ ᠡᠳᠦᠵᠦ ᠠᠷᠪᠠᠨ ᠬᠣᠨᠣᠭ ᠤ᠋ᠨ ᠡᠮᠦᠨᠡᠬᠡᠨ ᠮᠣᠷᠳᠠᠨ ᠭᠠᠷᠴᠤ ᠢᠷᠡᠭᠰᠡᠨ ᠪᠥᠭᠡᠲᠡᠯ᠎ᠡ ᠡᠳᠡ ᠬᠡᠷᠬᠢᠨ ᠣᠯᠵᠤ ᠮᠡᠳᠡᠪᠡ ? ᠯᠠᠪ ᠴᠠᠰ ᠠᠭᠤᠯᠠ ᠠ᠋ᠴᠠ ᠬᠡᠯᠡᠨ ᠭᠠᠷᠤᠭᠰᠠᠨ ᠪᠣᠯᠠᠢ !》 ᠭᠡᠮᠡᠨ᠂ ᠴᠠᠰ ᠠᠭᠤᠯᠠ ᠶ᠋ᠢ ᠬᠣᠷᠢᠭᠤᠯ ᠲᠡᠷᠭᠡ ᠡᠴᠡ ᠭᠠᠷᠭᠠᠵᠤ ᠠᠪᠴᠢᠷᠠᠭᠠᠳ ᠪᠠᠢᠴᠠᠭᠠᠨ ᠠᠰᠠᠭᠤᠪᠠᠰᠤ᠂ ᠴᠠᠰ ᠠᠭᠤᠯᠠ ᠢᠨᠢᠶᠡᠨ ᠥᠭᠦᠯᠡᠷᠦᠨ᠄《ᠡᠵᠡᠨ ᠣᠨᠴᠠ ᠨᠠᠮᠠᠶ᠋ᠢ ᠠᠯᠠᠰᠤᠭᠠᠢ ᠬᠡᠮᠡᠪᠡᠰᠦ ᠳᠠᠷᠤᠢ ᠠᠯᠠᠪᠠᠰᠤ ᠪᠠᠷᠠᠪᠠᠢ ᠢ᠎ᠠ᠂ ᠡᠨᠡ ᠲᠡᠷᠡ ᠭᠡᠮᠡᠨ ᠶᠠᠯ᠎ᠠ ᠵᠣᠬᠢᠶᠠᠬᠤ ᠶᠠᠭᠤᠨ ? ᠴᠡᠷᠢᠭ ᠲᠠᠢᠯᠵᠤ ᠳᠡᠢᠯᠦᠭᠳᠡᠪᠡᠴᠦ ᠲᠦᠰᠢᠮᠡᠯ ᠪᠢ ᠨᠢᠭᠡᠨᠲᠡ ᠦᠬᠦᠬᠦ ᠬᠥᠮᠦᠨ᠃ ᠮᠠᠨ ᠤ᠋ ᠴᠡᠷᠢᠭ ᠲᠠᠢᠯᠪᠠᠰᠤ ᠤᠭ ᠬᠡᠯᠡᠯᠴᠡᠭᠡᠨ ᠶᠣᠰᠣᠭᠠᠷ ᠨᠠᠮᠠᠶ᠋ᠢ ᠠᠯᠠᠵᠤ ᠡᠵᠡᠨ ᠦ᠌ ᠵᠠᠬᠢᠶ᠎ᠠ ᠶ᠋ᠢ ᠣᠯᠠᠨ ᠳ᠋ᠤᠷ ᠵᠠᠷᠯᠠᠵᠤ ᠣᠯᠠᠨ ᠵᠠᠩᠵᠤᠨ ᠴᠡᠷᠢᠭ ᠢ᠋ ᠠᠶᠤᠯᠭᠠᠨ ᠪᠢᠰᠢᠷᠡᠭᠦᠯᠬᠦ᠂ ᠬᠡᠷᠪᠡ ᠴᠡᠷᠢᠭ ᠳᠡᠢᠯᠦᠭᠳᠡᠪᠡᠰᠦ ᠢᠴᠢᠭᠦᠷᠢ ᠳ᠋ᠦ᠍ᠷ ᠢ᠋ᠶ᠋ᠡᠨ ᠤᠷᠢᠳᠠ ᠨᠠᠮᠠᠶ᠋ᠢ ᠠᠯᠠᠵᠤ ᠳᠠᠷᠠᠭ᠎ᠠ ᠮᠢᠨᠦ ᠭᠡᠷ ᠡᠷᠦᠬᠡ ᠶ᠋ᠢ ᠠᠯᠠᠬᠤ ᠪᠣᠯᠠᠢ᠂ ᠬᠠᠮᠢᠭᠠᠰᠢ ᠪᠣᠯᠪᠠᠴᠤ ᠨᠢᠭᠡᠨᠲᠡ ᠦᠬᠦᠬᠦ ᠪᠥᠭᠡᠳ ᠪᠢ ᠲᠡᠷᠡ ᠪᠧᠲ᠋ᠠ᠋ ᠤᠯᠤᠰ ᠲᠤᠷ ᠶᠠᠭᠤᠨ ᠤ᠋ ᠤᠴᠢᠷ ᠲᠤᠷ ᠮᠡᠳᠡᠭᠡ ᠢᠯᠡᠭᠡᠮᠦᠢ ? ᠵᠢᠴᠢ ᠳ᠋ᠦ᠍ᠷ ᠲᠠᠩᠭᠤᠳ ᠤ᠋ᠨ ᠡᠯᠴᠢ ᠶ᠋ᠢ ᠲᠠᠯᠪᠢᠵᠤ ᠭᠠᠷᠭᠠᠭᠰᠠᠨ ᠠᠨᠤ ᠲᠡᠷᠡ ᠳᠠᠷᠤᠢ ᠦᠭᠡ ᠵᠠᠳᠠᠷᠠᠭᠤᠯᠬᠤ ᠲᠡᠷᠢᠭᠦᠨ ᠨᠢᠭᠡᠨ ᠳᠣᠪᠲᠣᠯᠭ᠎ᠠ ᠪᠥᠭᠡᠲᠡᠯ᠎ᠡ ᠲᠦᠰᠢᠮᠡᠯ ᠪᠢ ᠦᠭᠡ ᠬᠦᠷᠭᠡᠬᠦ ᠬᠡᠷᠡᠭᠲᠡᠢ ᠦᠦ ? ᠨᠡᠩ ᠪᠧᠲ᠋ᠠ᠋ ᠤᠯᠤᠰ ᠤ᠋ᠨ ᠡᠵᠡᠨ ᠢᠨᠤ ᠮᠠᠭᠠᠳ ᠲᠡᠭᠷᠢ ᠶ᠋ᠢᠨ ᠬᠥᠪᠡᠭᠦᠨ ᠪᠥᠭᠡᠳ ᠲᠦᠰᠢᠮᠡᠳ ᠢᠨᠦ ᠴᠥᠮ ᠭᠠᠵᠠᠷ ᠤ᠋ᠨ ᠭᠠᠷᠠᠭ ᠤ᠋ᠳ ᠮᠥᠨ᠃ ᠵᠢᠴᠢ ᠲᠡᠭᠦᠨ ᠦ᠌ ᠴᠡᠷᠢᠭ ᠦ᠋ᠨ ᠵᠢᠨᠦᠩ ᠮᠤᠬᠤᠯᠢ ᠬᠡᠮᠡᠭᠴᠢ ᠪᠠᠭᠠᠲᠤᠷ ᠪᠣᠳᠣᠯᠭ᠎ᠠ ᠬᠣᠣᠰ ᠪᠦᠷᠢᠳᠦᠭᠰᠡᠨ ᠪᠥᠭᠡᠳ ᠵᠢᠰᠦ ᠳ᠋ᠦ᠍ᠷ ᠴᠢᠭᠢᠷᠠᠭ᠂ ᠵᠢᠷᠦᠬᠡ ᠳ᠋ᠦ᠍ᠷ ᠰᠡᠴᠡᠨ᠂ ᠲᠡᠭᠦᠨ ᠦ᠌ ᠴᠠᠨᠳᠠᠭᠤᠯ ᠮᠠᠨᠠᠭᠤᠯ ᠬᠡᠮᠡᠭᠴᠢ ᠬᠣᠯᠠ ᠣᠢᠷ᠎ᠠ ᠤᠯᠤᠰ ᠲᠤᠷ ᠨᠢᠭᠡᠨᠲᠡ ᠳᠦᠭᠦᠷᠴᠦᠬᠦᠢ᠃ ᠡᠨᠡ ᠮᠡᠲᠦ ᠳ᠋ᠦ᠍ᠷ ᠲᠦᠰᠢᠮᠡᠯ ᠮᠢᠨᠦ ᠮᠡᠳᠡᠭᠡ ᠶ᠋ᠢ ᠶᠠᠭᠤᠨᠠᠢ ᠬᠦᠯᠢᠶᠡᠬᠦ ? ᠨᠡᠩ ᠪᠠᠰᠠ ᠮᠢᠨᠦ ᠪᠡᠶ᠎ᠡ ᠶ᠋ᠢ ᠳᠠᠷᠤᠢ ᠲᠥᠷᠥ ᠡᠴᠡ ᠪᠠᠷᠢᠵᠤ ᠬᠠᠳᠠᠭᠠᠯᠠᠪᠠ᠃ ᠮᠢᠨᠦ ᠭᠡᠷ ᠡᠷᠦᠬᠡ ᠶ᠋ᠢ ᠮᠥᠨ ᠨᠠᠳᠠ ᠯᠤᠭ᠎ᠠ ᠬᠠᠮᠲᠤ ᠪᠠᠷᠢᠪᠠ᠃ ᠲᠦᠰᠢᠮᠡᠯ ᠪᠢ ᠠᠯᠢ ᠴᠢᠯᠥᠭᠡ ᠪᠡᠷ ᠡᠢᠮᠦ ᠬᠣᠯᠠ ᠮᠡᠳᠡᠭᠡ ᠢᠯᠡᠭᠡᠮᠦᠢ ? ᠦᠨᠡᠬᠡᠷ ᠮᠡᠳᠡᠭᠡ ᠢᠯᠡᠭᠡᠪᠡᠴᠦ ᠮᠢᠨᠦ ᠠᠮᠢᠳᠤᠷᠠᠬᠤᠢ ᠳ᠋ᠤᠷ ᠶᠠᠮᠪᠠᠷ ᠬᠠᠷᠢᠶ᠎ᠠ᠂ ᠬᠠᠷᠢᠨ ᠮᠠᠨ ᠤ᠋ ᠴᠡᠷᠢᠭ ᠲᠠᠢᠯᠪᠠᠰᠤ ᠡᠵᠡᠨ ᠬᠠᠷᠢᠨ ᠭᠡᠨᠡᠳᠲᠡ ᠪᠠᠶᠠᠷᠯᠠᠯ ᠳ᠋ᠤᠷ ᠨᠠᠮᠠᠶ᠋ᠢ ᠬᠡᠯᠲᠦᠷᠢᠭᠦᠯᠬᠦ ᠴᠦ᠍ ᠮᠠᠭᠠᠳ ᠦᠭᠡᠢ᠂ ᠳᠡᠢᠯᠦᠭᠳᠡᠪᠡᠰᠦ ᠮᠢᠨᠦ ᠦᠬᠦᠬᠦ ᠨᠡᠩ ᠲᠦᠷᠭᠡᠨ ᠪᠣᠯᠠᠢ᠂ ᠨᠠᠮᠠᠶ᠋ᠢ ᠰᠡᠵᠢᠭᠯᠡᠬᠦ ᠢᠨᠤ ᠢᠯᠡᠭᠦᠴᠡ ᠬᠡᠷᠡᠭ!》ᠭᠡᠮᠡᠨ ᠮᠡᠳᠡᠭᠦᠯᠦᠭᠰᠡᠨ ᠳ᠋ᠦ᠍ᠷ ᠠᠷᠰᠯᠠᠨ ᠬᠠᠭᠠᠨ ᠠᠭᠤᠷᠯᠠᠨ ᠥᠭᠦᠯᠡᠷᠦᠨ᠄《 ᠥᠴᠦᠬᠡᠨ ᠪᠣᠭᠣᠯ ᠨᠠᠳᠠ ᠯᠤᠭ᠎ᠠ ᠦᠭᠡ ᠣᠷᠣᠯᠳᠣᠬᠤ ᠬᠡᠷᠡᠭ ᠦᠭᠡᠢ᠂ ᠪᠠᠢᠯᠳᠤᠬᠤ ᠪᠢᠴᠢᠭ ᠢ᠋ ᠴᠢ ᠬᠦᠷᠭᠡᠵᠦ ᠠᠪᠠᠴᠢᠭᠠᠳ ᠲᠡᠮᠦᠵᠢᠨ ᠢ᠋ ᠰᠠᠢᠲᠤᠷ ᠬᠠᠷᠢᠶᠠᠨ ᠢᠷ᠎ᠡ᠂ ᠲᠡᠷᠡ ᠴᠢᠮᠠᠶ᠋ᠢ ᠦᠯᠦ ᠠᠯᠠᠮᠤᠢ !》ᠭᠡᠮᠡᠨ ᠭᠤᠲᠤᠭᠠᠬᠤ ᠦᠭᠡᠰ ᠦ᠋ᠨ ᠪᠠᠢᠯᠳᠤᠭᠠᠨ ᠤ᠋ ᠪᠢᠴᠢᠭ ᠢ᠋ ᠪᠠᠷᠢᠭᠤᠯᠵᠤ᠂ ᠴᠠᠰ ᠠᠭᠤᠯᠠ ᠶ᠋ᠢ ᠪᠧᠲ᠋ᠠ᠋ ᠤᠯᠤᠰ ᠲᠤᠷ ᠢᠯᠡᠭᠡᠪᠡ᠃ ᠬᠥᠭᠡᠷᠦᠬᠦᠢ ᠴᠠᠰ ᠠᠭᠤᠯᠠ ᠶ᠋ᠢᠨ ᠬᠠᠮᠢᠭᠠᠰᠢ ᠪᠣᠯᠬᠤ ᠶ᠋ᠢ ᠮᠡᠳᠡᠰᠦᠭᠡᠢ ᠬᠡᠮᠡᠪᠡᠰᠦ ᠰᠤᠳᠤᠷᠴᠢ ᠲᠦᠰᠢᠮᠡᠯ ᠮᠢᠨᠦ ᠵᠣᠴᠢᠨ ᠳ᠋ᠤᠷ ᠵᠣᠯᠭᠠᠵᠤ᠂ ᠪᠣᠭᠳᠠ ᠪᠠᠭᠠᠲᠤᠷ ᠬᠤᠸᠠᠩᠳᠢ ᠴᠢᠩᠭᠢᠰ ᠬᠠᠭᠠᠨ ᠡᠪᠦᠭᠡ ᠶ᠋ᠢᠨ ᠭᠡᠭᠡᠨ ᠮᠣᠩᠭᠣᠨ ᠨᠠᠢ᠍ᠮᠠᠨ ᠴᠠᠭᠠᠨ ᠣᠷᠳᠣᠨ ᠤ᠋ ᠲᠠᠬᠢᠯᠭ᠎ᠠ ᠪᠠ ᠬᠣᠵᠢᠮ ᠤ᠋ᠨ ᠬᠣᠲᠣᠩ ᠤᠯᠤᠰ ᠤ᠋ᠨ ᠬᠤᠯᠠᠭᠠᠢ ᠶ᠋ᠢ ᠰᠡᠷᠭᠡᠢᠯᠡᠬᠦ ᠲᠡᠮᠳᠡᠭ ᠭᠠᠷᠤᠭᠰᠠᠨ ᠢ᠋ ᠲᠣᠳᠣᠷᠬᠠᠢᠯᠠᠨ ᠰᠣᠨᠣᠰᠴᠤ ᠮᠡᠳᠡᠭᠡᠳ ᠵᠠᠯᠭᠠᠨ ᠪᠢᠴᠢᠭᠰᠡᠨ ᠳᠣᠣᠷᠠᠲᠤ ᠪᠦᠯᠦᠭ ᠲᠣᠷ ᠦᠵᠡᠭᠳᠡᠬᠦᠢ᠃ 

 ᠰᠤᠳᠤᠷᠴᠢ ᠲᠦᠰᠢᠮᠡᠯ ᠦ᠋ᠨ ᠰᠤᠯᠠ ᠰᠢᠯᠦᠭ : 
                ᠠᠯᠲᠠᠨ ᠶᠠᠰᠤᠲᠠᠨ ᠮᠢᠬ᠎ᠠ ᠴᠢᠰᠤ ᠪᠠᠷ ᠭᠠᠪᠢᠶᠠᠲᠤ ᠰᠠᠢᠳ ᠢ᠋ ᠢᠨᠠᠭᠯᠠᠷᠤᠨ 
                ᠠᠰᠠᠷᠠᠯᠲᠤ ᠪᠣᠭᠳᠠ ᠶ᠋ᠢᠨ ᠠᠬᠤᠢ ᠶᠡᠬᠡ ᠴᠢᠩ ᠦᠨᠡᠨ ᠥᠷᠥᠰᠢᠶᠡᠯ᠂ 
                ᠠᠷᠢᠭᠤᠨ ᠰᠣᠯᠤᠩᠭᠤᠸ᠎ᠠ ᠰᠤᠯᠠ ᠲᠠᠲᠠᠪᠤᠷᠢ ᠪᠠᠷ ᠠᠮᠠᠷᠠᠭᠯᠠᠭᠰᠠᠨ ᠡᠷ᠎ᠡ ᠪᠡᠨ ᠬᠦᠨᠳᠦᠯᠡᠷᠦᠨ  
                ᠠᠯᠤᠰᠳᠠᠬᠤ ᠮᠡᠳᠡᠭᠰᠡᠨ ᠮᠡᠷᠭᠡᠨ ᠡᠬᠡᠨᠡᠷ ᠦ᠋ᠨ ᠴᠣᠬᠣᠮ ᠴᠣᠯᠭᠣᠷᠠᠭᠰᠠᠨ ᠪᠣᠳᠣᠯᠭ᠎ᠠ !