ᠬᠥᠬᠡ ᠰᠤᠳᠤᠷ - ᠢᠨᠵᠠᠨᠨᠠᠰᠢ <ᠭᠤᠴᠢᠨ ᠵᠢᠷᠭᠤᠳᠤᠭᠠᠷ ᠪᠦᠯᠦᠭ > Хөх судар - Инжинаш <Гучин зургадугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠵᠢᠷᠭᠤᠳᠤᠭᠠᠷ ᠪᠦᠯᠦᠭ > Хөх судар - Инжинаш <Гучин зургадугаар бүлэг >

ᠬᠥᠬᠡ ᠰᠤᠳᠤᠷ - ᠢᠨᠵᠠᠨᠨᠠᠰᠢ <ᠭᠤᠴᠢᠨ ᠵᠢᠷᠭᠤᠳᠤᠭᠠᠷ ᠪᠦᠯᠦᠭ > Хөх судар - Инжинаш <Гучин зургадугаар бүлэг >

ᠠᠩᠭᠢᠯᠠᠯ:ᠲᠡᠦᠬᠡ ᠰᠣᠶᠣᠯ
2023-08-31

245

ᠲᠡᠭᠷᠢ ᠶ᠋ᠢᠨ ᠬᠥᠪᠡᠭᠦᠨ ᠨᠢᠭᠡᠨ ᠰᠤᠮᠤ ᠪᠠᠷ ᠰᠢᠷᠡᠮᠦ ᠶ᠋ᠢᠨ ᠴᠢᠯᠠᠭᠤ ᠶ᠋ᠢ ᠬᠠᠷᠪᠤᠵᠤ ᠬᠡᠮᠬᠡᠯᠪᠡ

ᠭᠠᠵᠠᠷ ᠤ᠋ᠨ ᠭᠠᠷᠠᠭ ᠭᠠᠭᠴᠠ ᠨᠤᠮᠤ ᠪᠠᠷ ᠠᠯᠲᠠᠨ ᠤ᠋ ᠬᠦᠷᠦᠭᠡᠳ ᠢ᠋ ᠲᠡᠩᠰᠡᠵᠦ ᠳᠥᠯᠭᠡᠳᠡᠪᠡ


                   ᠭᠤᠴᠢᠨ ᠵᠢᠷᠭᠤᠳᠤᠭᠠᠷ ᠪᠦᠯᠦᠭ  
                       ᠰᠥᠩ ᠤᠯᠤᠰ ᠤ᠋ᠨ ᠨᠢᠩᠽᠦ᠋ᠩ ᠬᠠᠭᠠᠨ ᠤ᠋ ᠶ᠋ᠢᠶᠠ ᠲᠠᠢ ᠶ᠋ᠢᠨ ᠳᠥᠷᠪᠡᠳᠦᠭᠡᠷ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ 
                               ᠲᠠᠢ ᠾᠧ ᠶ᠋ᠢᠨ ᠳᠥᠷᠪᠡᠳᠦᠭᠡᠷ ᠣᠨ ᠂ ᠬᠥᠬᠡ ᠬᠤᠯᠤᠭᠠᠨ᠎ᠠ ᠵᠢᠯ ᠂ ᠲᠠᠢᠽᠦ ᠳᠥᠴᠢᠨ ᠭᠤᠷᠪᠠᠨ ᠰᠡᠭᠦᠳᠡᠷ ᠲᠡᠢ  

              ᠲᠡᠭᠷᠢ ᠶ᠋ᠢᠨ ᠬᠥᠪᠡᠭᠦᠨ ᠨᠢᠭᠡᠨ ᠰᠤᠮᠤ ᠪᠠᠷ ᠰᠢᠷᠡᠮᠦ ᠶ᠋ᠢᠨ ᠴᠢᠯᠠᠭᠤ ᠶ᠋ᠢ ᠬᠠᠷᠪᠤᠵᠤ ᠬᠡᠮᠬᠡᠯᠪᠡ 
              ᠭᠠᠵᠠᠷ ᠤ᠋ᠨ ᠭᠠᠷᠠᠭ ᠭᠠᠭᠴᠠ ᠨᠤᠮᠤ ᠪᠠᠷ ᠠᠯᠲᠠᠨ ᠤ᠋ ᠬᠦᠷᠦᠭᠡᠳ ᠢ᠋ ᠲᠡᠩᠰᠡᠵᠦ ᠳᠥᠯᠭᠡᠳᠡᠪᠡ   

       ᠲᠡᠨᠳᠡᠴᠡ ᠣᠯᠠᠨ ᠲᠦᠰᠢᠮᠡᠳ ᠪᠠᠶᠠᠷ ᠤ᠋ᠨ ᠶᠣᠰᠣᠭᠠᠷ ᠮᠥᠷᠭᠥᠵᠦ᠂ ᠪᠠᠰᠠ ᠮᠤᠬᠤᠯᠢ ᠠ᠋ᠴᠠ ᠠᠰᠠᠭᠤᠷᠤᠨ :《ᠵᠢᠨᠦᠩ ᠬᠡᠷᠬᠢᠨ ᠲᠠᠪᠤᠬᠠᠨ ᠲᠦᠮᠡᠨ ᠴᠡᠷᠢᠭ ᠢ᠋ᠶ᠋ᠡᠷ ᠵᠢᠷᠠᠨ ᠲᠦᠮᠡᠨ ᠴᠡᠷᠢᠭ ᠢ᠋ ᠡᠰᠡᠷᠭᠦᠯᠡᠨ ᠢᠷᠡᠵᠦ᠂ ᠪᠠᠰᠠ ᠡᠨᠡ ᠮᠡᠲᠦ ᠳᠡᠢᠯᠬᠦ ᠶ᠋ᠢ ᠬᠡᠷᠬᠢᠨ ᠮᠡᠳᠡᠪᠡ ? 》 ᠬᠡᠮᠡᠬᠦᠢ ᠳ᠋ᠦ᠍ᠷ ᠮᠤᠬᠤᠯᠢ ᠢᠨᠢᠶᠡᠨ ᠣᠯᠠᠨ ᠤ᠋ ᠵᠦᠭ ᠥᠭᠦᠯᠡᠷᠦᠨ :《ᠴᠡᠷᠢᠭ ᠦ᠋ᠨ ᠶᠣᠰᠣ ᠲᠡᠷᠢᠭᠦᠨ ᠳ᠋ᠦ᠍ᠷ ᠠᠷᠭ᠎ᠠ ᠶ᠋ᠢ ᠡᠷᠬᠢᠯᠡᠵᠦᠬᠦᠢ᠃ ᠬᠡᠷᠪᠡ ᠣᠮᠣᠭᠲᠤ ᠳᠠᠢᠰᠤᠨ᠎ᠠ ᠤᠴᠠᠷᠠᠪᠠᠰᠤ ᠦᠭᠡᠨᠴᠡ ᠶ᠋ᠢ ᠦᠵᠡᠭᠦᠯᠵᠦ᠂ ᠲᠡᠭᠦᠨ ᠦ᠌ ᠣᠮᠣᠭ ᠢ᠋ ᠲᠥᠷᠥᠭᠦᠯᠦᠨ ᠰᠡᠷᠡᠮᠵᠢ ᠦᠭᠡᠢ ᠪᠣᠯᠭᠠᠵᠤ ᠭᠡᠨᠡᠳᠡᠭᠦᠯᠦᠨ ᠳᠠᠷᠤᠮᠤᠢ᠃ ᠬᠡᠷᠪᠡ ᠣᠯᠢᠬᠠᠢ ᠳᠠᠢᠰᠤᠨ᠎ᠠ ᠤᠴᠠᠷᠠᠪᠠᠰᠤ ᠬᠠᠭᠤᠷᠮᠠᠭ ᠰᠦᠷ ᠢ᠋ᠶ᠋ᠡᠷ ᠲᠡᠭᠦᠨ ᠦ᠌ ᠰᠥᠰᠥ ᠶ᠋ᠢ ᠬᠡᠮᠬᠡᠷᠡᠭᠦᠯᠦᠨ ᠠᠶᠤᠯᠭᠠᠨ ᠲᠤᠯᠭᠠᠮᠤᠢ᠃ ᠪᠠᠰᠠ ᠴᠢᠭᠢᠷᠠᠭ ᠴᠡᠷᠢᠭ ᠲᠦ᠍ᠷ ᠪᠠᠢᠯᠳᠤᠪᠠᠰᠤ ᠠᠷᠭ᠎ᠠ ᠶ᠋ᠢ ᠬᠡᠷᠡᠭᠯᠡᠵᠦ ᠲᠡᠭᠦᠨ ᠦ᠌ ᠬᠦᠴᠦᠨ ᠢ᠋ ᠮᠣᠬᠣᠭᠠᠵᠤ ᠤᠬᠠᠭᠠᠨ ᠢ᠋ ᠠᠯᠳᠠᠭᠠᠮᠤᠢ᠃ ᠵᠢᠴᠢ ᠲᠡᠨᠡᠭᠷᠡᠭᠡᠭ ᠴᠡᠷᠢᠭ ᠲᠦ᠍ᠷ ᠠᠭᠤᠯᠵᠠᠪᠠᠰᠤ ᠨᠠᠷᠢᠨ ᠠᠷᠭ᠎ᠠ ᠶ᠋ᠢ ᠬᠡᠷᠡᠭᠯᠡᠵᠦ ᠤᠳᠤᠷᠢᠳᠬᠤᠢ᠂ ᠴᠢᠭᠢᠷᠠᠭ ᠲᠤᠨᠢ ᠪᠠᠭᠤᠷᠠᠢ ᠶ᠋ᠢ ᠦᠵᠡᠭᠦᠯᠬᠦ᠂ ᠪᠠᠭᠤᠷᠠᠢ ᠳ᠋ᠤᠷ ᠰᠦᠷ ᠢ᠋ ᠬᠡᠷᠡᠭᠯᠡᠬᠦ ᠡᠳᠡᠭᠡᠷ ᠴᠥᠮ ᠳᠠᠢᠰᠤᠨ ᠢ᠋ ᠨᠡᠪᠲᠡ ᠦᠵᠡᠵᠦ ᠤᠷᠠᠯᠠᠵᠤ ᠬᠡᠷᠡᠭᠯᠡᠬᠦ ᠠᠷᠭ᠎ᠠ ᠪᠤᠶᠤ᠃ ᠡᠨᠡ ᠠᠷᠰᠯᠠᠨ ᠬᠠᠭᠠᠨ ᠤᠭ ᠠ᠋ᠴᠠ ᠣᠮᠣᠭ ᠰᠡᠳᠬᠢᠯ ᠶᠡᠬᠡ ᠪᠠᠢᠭᠰᠠᠨ ᠢ᠋ᠶ᠋ᠠᠷ ᠣᠳᠣ ᠮᠠᠨ ᠤ᠋ ᠲᠠᠪᠤᠬᠠᠨ ᠲᠦᠮᠡᠨ ᠴᠡᠷᠢᠭ ᠢ᠋ ᠲᠡᠷᠡ ᠨᠢᠭᠡᠮᠦᠰᠦᠨ ᠳᠡᠢᠯᠦᠮᠦᠢ ᠭᠡᠮᠡᠨ ᠣᠮᠣᠭᠰᠢᠵᠤ ᠰᠡᠷᠡᠮᠵᠢᠯᠡᠬᠦ ᠪᠣᠯᠭᠣᠮᠵᠢᠯᠠᠬᠤ ᠠᠷᠭᠠᠯᠠᠬᠤ ᠡᠳᠦᠭᠡᠬᠦ ᠶ᠋ᠢ ᠨᠢᠭᠡᠮᠦᠰᠦᠨ ᠵᠣᠭᠰᠣᠵᠤ᠂ ᠨᠢᠭᠡᠨ ᠬᠡᠰᠡᠭ ᠢ᠋ᠶ᠋ᠡᠷ ᠣᠨᠴᠠ ᠭᠢᠰᠬᠢᠯᠡᠰᠦᠭᠡᠢ ᠬᠡᠮᠡᠭᠰᠡᠨ ᠪᠣᠯᠠᠢ᠃ ᠮᠠᠨ ᠤ᠋ ᠲᠠᠪᠤᠨ ᠲᠦᠮᠡᠨ ᠴᠡᠷᠢᠭ ᠬᠡᠳᠦᠢ ᠲᠣᠭ᠎ᠠ ᠠᠨᠤ ᠴᠥᠭᠡᠨ ᠪᠣᠯᠪᠠᠴᠤ ᠰᠤᠷᠲᠠᠯ ᠠᠨᠤ ᠭᠦᠨ᠂ ᠭᠠᠵᠠᠷ ᠢ᠋ ᠡᠵᠡᠯᠡᠬᠦ ᠪᠠᠭ᠎ᠠ ᠪᠣᠯᠤᠭᠠᠳ ᠤᠷᠪᠠᠬᠤ ᠬᠥᠷᠪᠡᠬᠦᠢ ᠳ᠋ᠦ᠍ᠷ ᠳᠥᠭᠥᠮ᠂ ᠤᠷᠤᠭᠰᠢᠯᠠᠬᠤ ᠬᠣᠢᠰᠢᠯᠠᠬᠤᠢ ᠳ᠋ᠤᠷ ᠴᠢᠷᠦᠭᠳᠡᠯ ᠦᠭᠡᠢ᠃ ᠬᠠᠷᠯᠢᠭᠤᠳ ᠠᠷᠰᠯᠠᠨ ᠬᠠᠭᠠᠨ ᠳ᠋ᠤᠷ ᠦᠵᠡᠪᠡᠰᠦ ᠠᠷᠰᠯᠠᠨ ᠢ᠋ ᠤᠳᠤᠷᠢᠳᠬᠤ ᠲᠠᠪᠤᠨ ᠥᠩᠭᠡ ᠶ᠋ᠢᠨ ᠴᠡᠴᠡᠭᠲᠦ ᠪᠥᠮᠪᠥᠭᠡ ᠮᠡᠲᠦ᠃ ᠮᠠᠨ ᠤ᠋ ᠬᠡᠷᠡᠭᠯᠡᠬᠦ ᠢᠨᠦ ᠲᠠᠪᠤᠨ ᠮᠠᠬᠠᠪᠣᠳ ᠪᠦᠷᠢᠳᠦᠭᠰᠡᠨ ᠲᠡᠭᠷᠢ ᠶ᠋ᠢᠨ ᠴᠡᠷᠢᠭ ᠪᠤᠶᠤ᠃ ᠲᠡᠢᠨ ᠬᠦ᠌ ᠳᠡᠭᠡᠳᠦ ᠡᠵᠡᠨ ᠮᠢᠨᠦ ᠡᠨᠡ ᠠᠷᠭ᠎ᠠ ᠶ᠋ᠢ ᠬᠡᠳᠦᠢᠨᠡᠢ ᠤᠬᠠᠵᠤ ᠨᠠᠳᠠ ᠳ᠋ᠤᠷ ᠵᠠᠬᠢᠭ᠍ᠰᠠᠨ ᠠᠨᠤ᠂ ᠠᠷᠰᠯᠠᠨ ᠢ᠋ ᠪᠣᠯᠪᠠᠰᠤ ᠮᠡᠬᠡᠯᠡᠵᠦ ᠪᠡᠷᠢ᠂ ᠬᠦᠴᠦᠯᠡᠵᠦ ᠦᠯᠦ ᠪᠣᠯᠬᠤ ᠬᠡᠮᠡᠭᠰᠡᠨ ᠢᠨᠦ ᠴᠥᠮ ᠮᠠᠨ ᠤ᠋ ᠳᠡᠭᠷᠢᠯᠢᠭ ᠡᠵᠡᠨ ᠦ᠌ ᠲᠡᠩᠴᠡᠰᠢ ᠦᠭᠡᠢ ᠪᠣᠳᠣᠯᠭ᠎ᠠ ᠤᠬᠠᠭᠠᠨ ᠪᠤᠶᠤ᠃ ᠲᠡᠢᠨ ᠬᠦ᠌ ᠪᠢ ᠤᠷᠢᠳᠠ ᠮᠣᠷᠳᠠᠵᠤ ᠲᠠᠪᠤᠨ ᠲᠦᠮᠡᠨ ᠴᠡᠷᠢᠭ ᠢ᠋ ᠦᠵᠡᠭᠦᠯᠵᠦ ᠲᠡᠳᠡᠨ ᠦ᠌ ᠣᠮᠣᠭ ᠢ᠋ ᠲᠥᠷᠥᠭᠦᠯᠵᠦ ᠡᠳᠦᠭᠡᠭᠡᠳ ᠴᠡᠷᠢᠭ ᠪᠠᠲᠤᠯᠠᠨ ᠰᠠᠬᠢᠵᠤ ᠦᠭᠡᠨᠴᠡ ᠶ᠋ᠢ ᠦᠵᠡᠭᠦᠯᠦᠨ᠂ ᠪᠠᠰᠠ ᠰᠤᠮᠤ ᠵᠢᠭᠡᠯᠡᠵᠦ᠂ ᠬᠣᠵᠢᠮ ᠳᠤᠲᠠᠭᠠᠬᠤ ᠵᠠᠮ ᠢ᠋ ᠪᠡᠯᠡᠳᠴᠦ ᠬᠣᠢᠨ᠎ᠠ ᠮᠥᠨ ᠠᠷᠭ᠎ᠠ ᠪᠠᠷ ᠳᠤᠲᠠᠭᠠᠨ ᠭᠠᠷᠴᠤ ᠲᠡᠳᠡᠨ ᠦ᠌ ᠰᠠᠨᠠᠭᠠᠨ ᠢ᠋ ᠥᠳᠥᠭᠡᠵᠦ᠂ ᠭᠣᠷᠯᠣᠰ ᠤ᠋ᠨ ᠨᠠᠷᠠᠨ ᠰᠠᠢᠳ ᠢ᠋ ᠡᠵᠡᠨ ᠦ᠌ ᠳᠦᠷᠢ ᠪᠡᠷ ᠴᠢᠮᠡᠵᠦ ᠠᠷᠰᠯᠠᠨ ᠢ᠋ ᠤᠳᠤᠷᠢᠳᠬᠤ ᠪᠥᠮᠪᠥᠭᠡ ᠨᠠᠷᠠᠨ ᠪᠣᠯᠭᠠᠵᠤ᠂ ᠬᠠᠪᠤᠷ ᠤ᠋ᠨ ᠴᠠᠰᠤ ᠶ᠋ᠢ ᠬᠦᠯᠢᠶᠡᠵᠦ ᠬᠠᠷ᠎ᠠ ᠬᠢᠭᠦᠯ ᠦ᠋ᠨ ᠭᠠᠯ ᠠᠭᠤᠯᠠᠨ ᠤ᠋ ᠳᠣᠪᠣ ᠳ᠋ᠤᠷ ᠠᠪᠠᠴᠢᠭ᠍ᠰᠠᠨ᠂ ᠲᠡᠭᠷᠢ ᠶ᠋ᠢᠨ ᠵᠦᠢ ᠭᠠᠵᠠᠷ ᠤ᠋ᠨ ᠶᠣᠰᠣ᠂ ᠬᠥᠮᠦᠨ ᠦ᠌ ᠨᠡᠷ᠎ᠡ ᠴᠠᠭ ᠤ᠋ᠨ ᠪᠠᠢᠳᠠᠯ ᠳ᠋ᠤᠷ ᠨᠡᠢᠴᠡᠭᠦᠯᠵᠦ᠂ ᠲᠡᠭᠦᠨ ᠦ᠌ ᠬᠦᠴᠦᠨ ᠰᠠᠨᠠᠭᠠᠨ ᠢ᠋ᠶ᠋ᠡᠷ ᠠᠷᠰᠯᠠᠨ ᠢ᠋ ᠡᠭᠦᠷ ᠡᠴᠡ ᠤᠳᠤᠷᠢᠳᠴᠤ ᠬᠠᠪᠤᠷ ᠤ᠋ᠨ ᠴᠠᠰᠤ ᠬᠠᠢᠯᠬᠤ ᠭᠠᠯ ᠠᠭᠤᠯᠠᠨ ᠳ᠋ᠤᠷ ᠤᠳᠤᠷᠢᠳᠤᠨ ᠠᠪᠠᠴᠢᠪᠠ᠃ ᠠᠷᠰᠯᠠᠨ ᠬᠡᠮᠡᠭᠴᠢ ᠶᠢᠯᠸᠢ ᠬᠤᠪᠢᠯᠭᠠᠨ ᠬᠦᠴᠦᠲᠦ ᠠᠮᠢᠲᠠᠨ᠂ ᠪᠠᠭ᠎ᠠ ᠠ᠋ᠴᠠ ᠨᠠᠷᠠᠨ ᠰᠠᠷᠠᠨ ᠢ᠋ ᠦᠵᠡᠬᠦ ᠪᠦᠷᠢ ᠦᠰᠦᠷᠦᠨ ᠳᠡᠪᠬᠡᠯᠬᠦ ᠶ᠋ᠢ ᠪᠣᠯᠪᠠᠰᠤᠷᠠᠭᠤᠯᠤᠨ᠂ ᠡᠨᠡ ᠠᠭᠤᠯᠠᠨ ᠠ᠋ᠴᠠ ᠲᠡᠷᠡ ᠠᠭᠤᠯᠠᠨ ᠳ᠋ᠤᠷ ᠦᠰᠦᠷᠦᠭᠰᠡᠭᠡᠷ ᠬᠡᠳᠦᠨ ᠠᠷᠪᠠᠨ ᠵᠢᠯ ᠦ᠋ᠨ ᠬᠣᠭᠣᠷᠣᠨᠳᠣ ᠬᠦᠴᠦᠨ ᠲᠡᠭᠦᠰᠴᠦ ᠴᠢᠳᠠᠯ ᠳ᠋ᠤᠷ ᠬᠦᠷᠪᠡᠰᠦ ᠬᠡᠳᠦᠨ ᠮᠢᠩᠭᠠᠨ ᠭᠠᠵᠠᠷ ᠦᠰᠦᠷᠴᠦ ᠴᠢᠳᠠᠭᠠᠳ ᠰᠠᠶᠢ ᠨᠠᠷᠠᠨ ᠢ᠋ ᠵᠠᠯᠭᠢᠰᠤᠭᠠᠢ ᠭᠡᠮᠡᠨ ᠳᠡᠭᠡᠭᠰᠢ ᠬᠦᠴᠦᠨ ᠢ᠋ᠶ᠋ᠡᠨ ᠪᠠᠷᠠᠲᠠᠯ᠎ᠠ ᠬᠠᠷᠠᠢᠵᠤ ᠲᠤᠰᠬᠤ ᠪᠠᠨ ᠪᠣᠳᠣᠯ ᠦᠭᠡᠢ ᠨᠢᠭᠡᠨᠲᠡ ᠦᠰᠦᠷᠦᠭᠡᠳ ᠳᠠᠷᠤᠢ ᠤᠨᠠᠵᠤ ᠬᠡᠮᠬᠡᠷᠡᠬᠦ ᠪᠣᠯᠠᠢ᠃ ᠲᠡᠢᠨ ᠬᠦ᠌ ᠪᠢ ᠨᠠᠷᠠᠨ ᠰᠠᠢᠳ ᠢ᠋ᠶ᠋ᠠᠷ ᠤᠳᠤᠷᠢᠳᠤᠭᠤᠯᠤᠨ ᠴᠠᠰᠤᠲᠤ ᠡᠳᠦᠷ ᠢ᠋ ᠡᠷᠢᠵᠦ ᠭᠠᠯ ᠠᠭᠤᠯᠠᠨ ᠳ᠋ᠤᠷ ᠠᠪᠠᠴᠢᠭ᠍ᠰᠠᠨ ᠠᠨᠤ᠂ ᠠᠷᠰᠯᠠᠨ ᠬᠡᠮᠡᠭᠴᠢ ᠴᠠᠰᠤ ᠠᠭᠤᠯᠠ ᠳ᠋ᠤᠷ ᠣᠷᠣᠰᠢᠮᠤᠢ᠂ ᠴᠠᠰᠤ ᠠ᠋ᠴᠠ ᠠᠩᠭᠢᠵᠢᠷᠠᠪᠠᠰᠤ ᠬᠦᠴᠦᠨ ᠢᠨᠣ ᠮᠣᠬᠣᠮᠤᠢ ᠂ ᠬᠠᠪᠤᠷ ᠬᠡᠮᠡᠭᠴᠢ ᠴᠠᠰᠤ ᠶ᠋ᠢ ᠬᠠᠢᠯᠤᠭᠤᠯᠬᠤ ᠦᠶᠡᠰ᠂ ᠭᠠᠯ ᠬᠡᠮᠡᠭᠴᠢ ᠬᠠᠯᠠᠭᠤᠨ ᠢ᠋ ᠡᠳᠦᠭᠦᠯᠬᠦ ᠦᠨᠳᠦᠰᠦ᠂ ᠲᠡᠢᠨ ᠬᠦ᠌ ᠪᠢ ᠡᠵᠡᠨ ᠦ᠌ ᠵᠠᠬᠢᠶ᠎ᠠ ᠪᠠᠷ ᠲᠠᠪᠤᠨ ᠲᠦᠮᠡᠨ ᠴᠡᠷᠢᠭ ᠢ᠋ᠶ᠋ᠡᠷ ᠲᠠᠪᠤᠨ ᠥᠩᠭᠡ ᠶ᠋ᠢᠨ ᠪᠥᠮᠪᠥᠭᠡ ᠬᠢᠵᠦ᠂ ᠲᠡᠨᠡᠭ ᠠᠷᠰᠯᠠᠨ ᠢ᠋ ᠪᠠᠶᠠᠰᠬᠠᠨ ᠤᠳᠤᠷᠢᠳᠴᠤ ᠬᠠᠢᠯᠬᠤ ᠬᠠᠪᠤᠷ ᠤ᠋ᠨ ᠴᠠᠰᠤ ᠳ᠋ᠤᠷ ᠨᠠᠷᠠᠨ ᠬᠠᠭᠠᠨ ᠢ᠋ ᠦᠵᠡᠭᠦᠯᠵᠦ᠂ ᠲᠡᠭᠦᠨ ᠦ᠌ ᠲᠤᠢᠯ ᠤ᠋ᠨ ᠣᠮᠣᠭ ᠬᠦᠴᠦᠨ ᠢ᠋ ᠲᠥᠷᠥᠭᠦᠯᠦᠨ ᠤᠳᠤᠷᠢᠳᠤᠨ ᠠᠪᠠᠴᠢᠵᠤ ᠬᠠᠷ᠎ᠠ ᠬᠢᠭᠦᠯ ᠦ᠋ᠨ ᠭᠠᠯ ᠠᠭᠤᠯᠠᠨ᠎ᠠ ᠣᠷᠣᠭᠤᠯᠵᠤ᠂ ᠲᠡᠭᠦᠨ ᠦ᠌ ᠦᠰᠦ ᠵᠢᠰᠦ ᠣᠮᠣᠭ ᠰᠦᠷ ᠢ᠋ ᠢᠨᠦ ᠰᠢᠲᠠᠭᠠᠵᠤ᠂ ᠬᠡᠳᠦᠬᠡᠨ ᠮᠢᠩᠭᠠᠨ ᠴᠡᠷᠢᠭᠲᠦ ᠬᠦᠴᠦᠨ ᠢ᠋ᠶ᠋ᠡᠷ ᠳᠡᠭᠡᠷ᠎ᠡ ᠡᠴᠡ ᠢᠨᠦ ᠳᠠᠷᠤᠵᠤ ᠪᠠᠢᠯᠳᠤᠭᠠᠳ ᠠᠯᠠᠪᠠᠢ᠃ ᠬᠡᠷᠪᠡ ᠲᠡᠭᠦᠨ ᠢ᠋ ᠡᠰᠡ ᠠᠯᠠᠭᠰᠠᠨ ᠪᠥᠭᠡᠰᠦ ᠡᠨᠡ ᠵᠢᠷᠠᠨ ᠲᠦᠮᠡᠨ ᠴᠡᠷᠢᠭ ᠢ᠋ ᠠᠯᠢ ᠡᠳᠦᠷ ᠪᠠᠷᠠᠲᠠᠯ᠎ᠠ ᠠᠯᠠᠵᠤ ᠳᠡᠢᠯᠬᠦ ᠪᠣᠢ ? ᠡᠨᠡ ᠳᠠᠷᠤᠢ ᠵᠠᠭᠤᠨ ᠬᠥᠯᠲᠦ ᠬᠣᠷᠣᠬᠠᠢ ᠶ᠋ᠢᠨ ᠲᠣᠯᠣᠭᠠᠢ ᠶ᠋ᠢ ᠣᠭᠲᠣᠯᠵᠤ ᠣᠯᠠᠨ ᠬᠥᠯ ᠢ᠋ ᠵᠣᠭᠰᠣᠭᠠᠬᠤ ᠠᠷᠭ᠎ᠠ᠂ ᠬᠣᠢᠴᠢ ᠡᠳᠦᠷ ᠳᠡᠭᠦᠦ ᠨᠠᠷ ᠬᠡᠦᠬᠡᠳ ᠲᠠ ᠮᠢᠨᠦ ᠡᠳᠡᠭᠡᠷ ᠢ᠋ ᠰᠤᠷᠴᠤ ᠬᠢᠨᠠᠨ ᠪᠣᠯᠪᠠᠰᠤᠷᠠᠭᠤᠯᠤᠨ ᠴᠡᠭᠡᠵᠢᠯᠡᠨ ᠪᠠᠭ᠎ᠠ ᠡᠵᠡᠳ ᠲᠣᠷ ᠬᠦᠴᠦᠨ ᠢ᠋ᠶ᠋ᠡᠨ ᠪᠡᠷᠢ ! 》ᠬᠡᠮᠡᠭᠰᠡᠨ ᠳ᠋ᠦ᠍ᠷ ᠳᠣᠲᠣᠭᠠᠳᠤ ᠭᠠᠳᠠᠭᠠᠳᠤ ᠣᠯᠠᠨ ᠵᠠᠩᠵᠤᠨ ᠨᠠᠷ ᠦᠨᠡᠬᠡᠷ ᠪᠢᠰᠢᠷᠡᠨ ᠭᠠᠢᠬᠠᠵᠤ ᠮᠥᠷᠭᠥᠪᠡᠢ᠃ 
       ᠲᠡᠳᠦᠢ ᠬᠠᠷᠯᠢᠭᠤᠳ ᠤ᠋ᠨ ᠴᠡᠷᠢᠭ ᠦ᠋ᠨ ᠬᠦᠷᠢᠶᠡᠨ ᠦ᠌ ᠬᠣᠷᠢᠭᠤᠯ ᠲᠡᠷᠭᠡᠨ ᠡᠴᠡ ᠴᠠᠰ ᠠᠭᠤᠯᠠ ᠶ᠋ᠢ ᠴᠡᠷᠢᠭ ᠦ᠋ᠨ ᠠᠷᠠᠳ ᠲᠦᠯᠬᠢᠨ ᠠᠴᠢᠷᠠᠭᠰᠠᠨ ᠳ᠋ᠤᠷ ᠮᠤᠬᠤᠯᠢ ᠰᠣᠴᠢᠨ ᠤᠴᠢᠷ ᠢ᠋ ᠠᠰᠠᠭᠤᠪᠠᠰᠤ᠂ ᠴᠠᠰ ᠠᠭᠤᠯᠠ ᠨᠢᠳᠦ ᠪᠡᠨ ᠠᠨᠢᠨ ᠠᠮᠠ ᠪᠠᠨ ᠬᠠᠮᠬᠢᠨ ᠥᠴᠦᠬᠡᠨ ᠴᠦ᠍ ᠳᠠᠭᠤᠨ ᠭᠠᠷᠬᠤ ᠦᠭᠡᠢ᠃ ᠬᠠᠷᠯᠢᠭᠤᠳ ᠤ᠋ᠨ ᠴᠡᠷᠢᠭ ᠡᠳᠡᠭᠡᠷ ᠤᠴᠢᠷ ᠢ᠋ ᠴᠥᠮ ᠮᠡᠳᠡᠭᠦᠯᠦᠭᠰᠡᠨ ᠳ᠋ᠦ᠍ᠷ ᠮᠤᠬᠤᠯᠢ ᠡᠬᠢᠨ ᠡᠴᠡ ᠠᠳᠠᠭ ᠲᠤᠷ ᠬᠦᠷᠲᠡᠯ᠎ᠡ ᠰᠣᠨᠣᠰᠴᠤ :《ᠡᠨᠡ ᠬᠡᠮᠡᠭᠴᠢ ᠬᠠᠷᠯᠢᠭᠤᠳ ᠤ᠋ᠨ ᠵᠢᠷᠤᠮᠲᠤ ᠰᠠᠢᠳ ᠪᠣᠯᠠᠢ! 》ᠭᠡᠮᠡᠨ ᠲᠠᠢᠽᠦ ᠳ᠋ᠦ᠍ᠷ ᠮᠡᠳᠡᠭᠦᠯᠵᠦ ᠬᠣᠷᠢᠭᠤᠯ ᠲᠡᠷᠭᠡᠨ ᠡᠴᠡ ᠭᠠᠷᠭᠠᠪᠠᠰᠤ ᠴᠠᠰ ᠠᠭᠤᠯᠠ ᠮᠥᠨ ᠰᠥᠭᠥᠳᠬᠦ ᠦᠭᠡᠢ ᠲᠦᠷᠭᠡᠨ᠎ᠡ ᠦᠬᠦᠬᠦ ᠶ᠋ᠢ ᠡᠷᠢᠬᠦᠢ ᠳ᠋ᠦ᠍ᠷ ᠲᠠᠢᠽᠦ ᠥᠭᠦᠯᠡᠷᠦᠨ :《ᠴᠢᠨᠦ ᠡᠵᠡᠨ ᠬᠠᠷᠭᠢᠰ ᠬᠠᠷᠠᠩᠭᠤᠢ᠂ ᠵᠢᠷᠤᠮᠲᠤ ᠰᠠᠢᠳ ᠢ᠋ ᠡᠨᠡ ᠮᠡᠲᠦ ᠶᠠᠯ᠎ᠠ ᠦᠭᠡᠢ ᠪᠡᠷ ᠵᠣᠪᠠᠭᠠᠬᠤ ᠪᠥᠭᠡᠲᠡᠯ᠎ᠡ ᠴᠢ ᠪᠠᠰᠠ ᠶᠠᠭᠤᠨ ᠢ᠋ ᠰᠠᠨᠠᠵᠤ ᠡᠨᠡ ᠮᠡᠲᠦ ᠵᠥᠷᠢᠭᠦᠦ ᠪᠡᠷ ᠶᠠᠪᠤᠮᠤᠢ ? 》ᠴᠠᠰ ᠠᠭᠤᠯᠠ ᠤᠷᠲᠤ ᠰᠡᠭᠦᠷᠡᠰᠦᠨ ᠠᠯᠳᠠᠵᠤ ᠥᠭᠦᠯᠡᠷᠦᠨ :《ᠲᠦᠰᠢᠮᠡᠯ ᠪᠣᠯᠤᠭᠰᠠᠨ ᠬᠥᠮᠦᠨ ᠡᠵᠡᠨ ᠦ᠌ ᠠᠯᠠᠬᠤ ᠠᠮᠢᠳᠤᠷᠠᠭᠤᠯᠬᠤ ᠶ᠋ᠢ ᠬᠦᠯᠢᠶᠡᠬᠦ ᠪᠣᠢ ‍ᠶ᠎ᠠ᠂ ᠪᠤᠷᠤᠭᠤ ᠵᠥᠪ ᠢ᠋ ᠰᠢᠭᠦᠮᠵᠢᠯᠡᠵᠦ ᠪᠣᠯᠬᠤ ᠦᠭᠡᠢ᠃ ᠪᠢ ᠠᠮᠢᠳᠤ ᠪᠣᠯᠪᠠᠰᠤ ᠬᠠᠷᠯᠢᠭᠤᠳ ᠤ᠋ᠨ ᠰᠠᠢᠳ᠂ ᠦᠬᠦᠪᠡᠰᠦ ᠬᠠᠷᠯᠢᠭᠤᠳ ᠤ᠋ᠨ ᠴᠢᠳᠬᠥᠷ᠂ ᠡᠵᠡᠨ ᠮᠢᠨᠦ ᠲᠣᠯᠣᠭᠠᠢ ᠪᠠᠨ ᠣᠭᠲᠣᠯᠤᠭᠳᠠᠭᠰᠠᠨ ᠳ᠋ᠤᠷ ᠲᠦᠰᠢᠮᠡᠯ ᠪᠠᠰᠠ ᠠᠮᠢᠳᠤ ᠶᠠᠪᠤᠬᠤ ᠠᠨᠤ ᠨᠠᠷᠠᠨ ᠰᠠᠷᠠᠨ ᠢ᠋ ᠬᠡᠷᠬᠢᠨ ᠦᠵᠡᠬᠦ ? ᠤᠷᠠᠨ ᠵᠥᠭᠡᠯᠡᠨ ᠢ᠋ᠶ᠋ᠡᠷ ᠨᠠᠮᠠᠶ᠋ᠢ ᠣᠷᠣᠭᠤᠯᠤᠮᠤᠢ ᠬᠡᠮᠡᠭᠴᠢ ᠢᠯᠡᠭᠦᠴᠡ ᠬᠡᠷᠡᠭ᠂ ᠬᠠᠷᠢᠨ ᠥᠷᠥᠰᠢᠶᠡᠬᠦᠯ᠎ᠡ ᠲᠦᠷᠭᠡᠨ ᠠᠯᠠᠵᠤ ᠮᠢᠨᠦ ᠵᠢᠷᠤᠮ ᠢ᠋ ᠪᠦᠷᠢᠨ ᠪᠣᠯᠭ᠎ᠠ᠂ ᠡᠰᠡ ᠠᠪᠠᠰᠤ ᠪᠢ ᠥᠪᠡᠷ ᠢ᠋ᠶ᠋ᠡᠨ ᠦᠬᠦᠬᠦ ᠪᠣᠢ ‍ᠶ᠎ᠠ᠂ ᠲᠠᠨ ᠳ᠋ᠤᠷ ᠦᠯᠦ ᠳᠠᠭᠠᠮᠤᠢ ! 》ᠬᠡᠮᠡᠬᠦᠢ ᠳ᠋ᠦ᠍ᠷ ᠲᠠᠢᠽᠦ ᠥᠪᠡᠷ ᠦ᠋ᠨ ᠣᠯᠠᠨ ᠲᠦᠰᠢᠮᠡᠳ ᠦ᠋ᠨ ᠵᠦᠭ ᠬᠠᠷᠠᠵᠤ ᠥᠭᠦᠯᠡᠷᠦᠨ :《ᠲᠠ ᠦᠵᠡ᠂ ᠡᠵᠡᠨ ᠢ᠋ ᠡᠰᠡ ᠣᠯᠤᠭᠰᠠᠨ ᠲᠦᠰᠢᠮᠡᠯ ᠦ᠋ᠨ ᠭᠠᠰᠢᠭᠤᠨ ᠠᠨᠤ ᠡᠨᠡ ᠮᠡᠲᠦ ᠪᠣᠯᠠᠢ ! 》ᠬᠡᠮᠡᠭᠡᠳ᠂ ᠴᠠᠰ ᠠᠭᠤᠯᠠ ᠶ᠋ᠢᠨ ᠵᠦᠭ ᠥᠭᠦᠯᠡᠷᠦᠨ᠄ 《 ᠴᠢ ᠦᠬᠦᠭᠡᠳ ᠥᠪᠡᠷ ᠦ᠋ᠨ ᠡᠵᠡᠨ ᠳ᠋ᠦ᠍ᠷ ᠰᠢᠳᠤᠷᠭᠤ ᠶ᠋ᠢ ᠭᠦᠢᠴᠡᠳᠬᠡᠬᠦ ᠢᠨᠦ ᠬᠠᠷᠢᠨ ᠮᠠᠰᠢ ᠵᠠᠯᠢᠬᠠᠢ ᠮᠠᠭᠤ ᠰᠠᠢᠳ ᠲᠤᠷ ᠣᠷᠣᠬᠤ ᠪᠣᠢ ‍ᠶ᠎ᠠ᠂ ᠴᠣᠬᠣᠮ ᠦᠨᠡᠨ ᠵᠢᠷᠤᠮᠲᠤ ᠲᠦᠰᠢᠮᠡᠯ ᠳ᠋ᠦ᠍ᠷ ᠦᠯᠦ ᠪᠠᠭᠲᠠᠮᠠᠢ᠃ 》ᠴᠠᠰ ᠠᠭᠤᠯᠠ ᠠᠭᠤᠷᠯᠠᠵᠤ ᠥᠭᠦᠯᠡᠷᠦᠨ :《ᠡᠵᠡᠨ ᠢ᠋ᠶ᠋ᠡᠨ ᠳᠠᠭᠠᠵᠤ ᠦᠬᠦᠭᠡᠳ ᠵᠠᠯᠢᠬᠠᠢ ᠳ᠋ᠤᠷ ᠣᠷᠣᠬᠤ ᠠᠨᠤ ᠶᠠᠭᠤᠨ ? ᠡᠨᠡ ᠤᠴᠢᠷ ᠢ᠋ ᠪᠢ ᠦᠯᠦ ᠤᠬᠠᠮᠤᠢ᠃ 》 ᠲᠠᠢᠽᠦ ᠮᠦᠰᠢᠶᠡᠵᠦ ᠥᠭᠦᠯᠡᠷᠦᠨ : 《< ᠠᠯᠲᠠᠨ ᠤ᠋ ᠳᠡᠷᠭᠡᠳᠡ ᠠᠪᠠᠰᠤ ᠰᠢᠷ᠎ᠠ ᠠᠨᠤ ᠬᠠᠯᠳᠠᠮᠤᠢ᠂ ᠠᠷᠭᠠᠯ ᠤ᠋ᠨ ᠳᠡᠷᠭᠡᠳᠡ ᠠᠪᠠᠰᠤ ᠦᠨᠦᠷ ᠢᠨᠦ ᠬᠠᠯᠳᠠᠮᠤᠢ > ᠬᠡᠮᠡᠭᠰᠡᠨ ᠢᠨᠦ ᠦᠨᠡᠨ ᠦᠭᠡ᠂ ᠪᠢ ᠴᠢᠮᠠᠶ᠋ᠢ ᠦᠵᠡᠪᠡᠰᠦ ᠠᠷᠪᠠᠨ ᠬᠤᠪᠢ ᠰᠡᠴᠡᠨ ᠤᠬᠠᠭᠠᠨᠲᠠᠢ ᠮᠡᠲᠦ ᠪᠥᠭᠡᠳ ᠠᠷᠰᠯᠠᠨ ᠤ᠋ ᠳᠡᠷᠭᠡᠳᠡ ᠪᠠᠢᠭᠰᠠᠭᠠᠷ ᠠᠷᠠᠢ ᠮᠤᠩᠬᠠᠭ ᠪᠣᠯᠪᠠ᠃ ᠴᠢ ᠶᠠᠭᠤᠨ ᠳ᠋ᠤᠷ ᠡᠳᠦᠢᠬᠡᠨ ᠢ᠋ ᠦᠯᠦ ᠮᠡᠳᠡᠮᠦᠢ ? ᠡᠳᠦᠭᠡ ᠴᠢᠨᠦ ᠡᠵᠡᠨ ᠠᠯᠠᠭᠳᠠᠵᠤ᠂ ᠵᠠᠩᠵᠤᠨ ᠪᠠᠷᠢᠭ᠍ᠳᠠᠨ ᠴᠡᠷᠢᠭ ᠴᠥᠮ ᠳᠠᠭᠠᠭᠰᠠᠨ ᠪᠣᠯᠪᠠᠴᠤ ᠤᠯᠤᠰ ᠠᠢᠮᠠᠭ ᠬᠣᠲᠠ ᠪᠠᠯᠭᠠᠳ ᠴᠥᠮ ᠪᠣᠢ ᠪᠣᠯᠠᠢ᠃ ᠡᠳᠦᠭᠡ ᠵᠣᠭᠰᠣᠭ᠎ᠠ ᠪᠠᠷ ᠬᠤᠷᠢᠶᠠᠮᠵᠢᠯᠠᠷ᠎ᠠ ᠡᠴᠢᠬᠦᠢ ᠳ᠋ᠦ᠍ᠷ ᠴᠢᠨᠦ ᠡᠵᠡᠨ ᠦ᠌ ᠡᠮ᠎ᠡ ᠦᠷ᠎ᠡ ᠡᠯᠡᠰᠦ ᠬᠤᠮᠠᠭ ᠮᠡᠲᠦ ᠭᠢᠰᠬᠢᠭᠳᠡᠵᠦ᠂ ᠲᠠᠬᠢᠯ ᠳᠡᠪᠢᠭ ᠡᠭᠦᠷᠢᠳᠡ ᠲᠠᠰᠤᠷᠠᠬᠤ ᠦᠭᠡᠢ ᠦᠦ ? ᠭᠠᠭᠴᠠ ᠴᠢ ᠨᠢᠭᠡᠨ ᠪᠡᠶ᠎ᠡ ᠪᠡᠨ ᠦᠯᠡᠳᠡᠭᠡᠵᠦ ᠪᠠᠢᠪᠠᠰᠤ ᠲᠡᠷᠢᠭᠦᠨ ᠳ᠋ᠦ᠍ᠷ ᠡᠵᠡᠨ ᠢ᠋ᠶ᠋ᠡᠨ ᠶᠠᠰᠤ ᠶ᠋ᠢ ᠬᠣᠷᠢᠶᠠᠨ ᠣᠷᠣᠰᠢᠭᠤᠯᠵᠤ᠂ ᠬᠣᠶᠠᠷ ᠲᠤᠷ ᠡᠵᠡᠨ ᠢ᠋ᠶ᠋ᠡᠨ ᠦᠯᠡᠳᠡᠭᠡᠭᠰᠡᠨ ᠣᠯᠠᠨ ᠢ᠋ ᠬᠠᠮᠠᠭᠠᠯᠠᠮᠤᠢ᠃ ᠭᠤᠷᠪᠠᠨ ᠳ᠋ᠤᠷ ᠬᠠᠷᠯᠢᠭᠤᠳ ᠤᠯᠤᠰ ᠤ᠋ᠨ ᠵᠠᠭᠤᠨ ᠲᠦᠮᠡᠨ ᠦ᠌ ᠦᠬᠦᠵᠦ ᠪᠤᠰᠠᠨᠢᠬᠤ ᠠ᠋ᠴᠠ ᠭᠡᠲᠦᠯᠭᠡᠵᠦ᠂ ᠨᠢᠭᠡᠨ ᠤᠯᠤᠰ ᠡᠩᠬᠡ ᠲᠦᠪᠰᠢᠨ ᠪᠣᠯᠬᠤ ᠦᠭᠡᠢ ᠦᠦ ? ᠴᠢ ᠬᠡᠷᠪᠡ ᠥᠴᠦᠬᠡᠨ ᠵᠢᠷᠤᠮ ᠢ᠋ ᠰᠠᠬᠢᠵᠤ ᠦᠬᠦᠪᠡᠰᠦ᠂ ᠲᠠᠨ ᠤ᠋ ᠤᠯᠤᠰ ᠲᠤᠷ ᠬᠡᠨ ᠡᠴᠢᠵᠦ ᠮᠢᠨᠦ ᠡᠳᠡᠭᠡᠷ ᠦᠷᠭᠦᠯᠵᠢ ᠢᠲᠡᠭᠡᠮᠵᠢ ᠥᠷᠥᠰᠢᠶᠡᠯᠲᠦ ᠰᠠᠨᠠᠭᠠᠨ ᠢ᠋ ᠵᠠᠷᠯᠠᠵᠤ ᠲᠦᠭ ᠲᠦᠮᠡᠨ ᠢ᠋ ᠠᠮᠤᠷ ᠡᠩᠬᠡ ᠳ᠋ᠦ᠍ᠷ ᠭᠥᠷᠦᠭᠦᠯᠦᠮᠦᠢ ?  ᠮᠥᠨ ᠬᠦ᠌ ᠣᠯᠠᠨ ᠴᠡᠷᠢᠭ ᠢ᠋ᠶ᠋ᠡᠷ ᠭᠢᠰᠬᠢᠯᠡᠨ ᠪᠠᠢᠯᠳᠤᠵᠤ ᠠᠯᠠᠵᠤ ᠳᠠᠭᠤᠰᠬᠠᠬᠤ ᠪᠣᠯᠠᠢ! 》 ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ ᠴᠠᠰ ᠠᠭᠤᠯᠠ ᠭᠡᠨᠡᠳᠲᠡ ᠰᠡᠬᠡᠰᠬᠢᠵᠦ ᠬᠣᠶᠠᠷ ᠡᠪᠦᠳᠦᠭ ᠢ᠋ᠶ᠋ᠡᠷ ᠰᠥᠭᠥᠳᠦᠨ᠂ ᠨᠢᠳᠦᠨ ᠦ᠌ ᠨᠢᠯᠪᠤᠰᠤᠨ ᠢ᠋ ᠴᠤᠪᠤᠷᠢᠭᠤᠯᠤᠨ ᠮᠥᠷᠭᠥᠵᠦ ᠮᠡᠳᠡᠭᠦᠯᠦᠷᠦᠨ :《ᠲᠣᠭᠣᠰ ᠬᠡᠳᠦᠢ ᠶᠡᠬᠡ ᠪᠣᠯᠪᠠᠴᠤ ᠪᠣᠯᠵᠣᠮᠣᠷ ᠪᠣᠯᠠᠢ᠂ ᠬᠡᠷᠢᠶ᠎ᠡ ᠬᠡᠳᠦᠢ ᠪᠠᠭ᠎ᠠ ᠪᠣᠯᠪᠠᠴᠤ ᠰᠢᠪᠠᠭᠤ ᠪᠤᠶᠤ᠂ ᠭᠠᠷᠤᠳᠢ ᠭᠠᠯᠪᠢᠩᠭ᠎ᠠ ᠶ᠋ᠢᠨ ᠶᠡᠬᠡ ᠣᠶᠤᠨ ᠢ᠋ ᠥᠴᠦᠬᠡᠨ ᠵᠢᠭᠦᠷᠲᠡᠨ ᠦᠨᠡᠬᠡᠷ ᠦᠯᠦ ᠬᠥᠷᠥᠮᠦᠢ᠂ ᠪᠣᠭᠣᠯ ᠪᠢ ᠳᠤᠷᠠᠲᠠᠶ᠎ᠠ ᠳᠠᠭᠠᠵᠤ᠂ ᠬᠠᠷᠯᠢᠭᠤᠳ ᠢ᠋ ᠤᠳᠤᠷᠢᠳᠤᠨ ᠣᠷᠣᠭᠤᠯᠰᠤᠭᠠᠢ᠃ ᠡᠵᠡᠨ ᠳ᠋ᠦ᠍ᠷ ᠠᠯᠠᠬᠤ ᠲᠠᠯᠠᠬᠤ ᠶ᠋ᠢ ᠭᠡᠯᠳᠦᠷᠢᠭᠦᠯ ! 》 ᠭᠡᠮᠡᠨ ᠰᠢᠲᠦᠨ ᠪᠢᠰᠢᠷᠡᠵᠦ᠂ ᠡᠵᠡᠨ ᠢ᠋ᠶ᠋ᠡᠨ ᠶᠠᠰᠤ ᠶ᠋ᠢ ᠠᠪᠴᠤ ᠵᠡᠪᠡ᠂ ᠵᠡᠯᠮ᠎ᠡ ᠨᠠᠷ ᠤ᠋ᠨ ᠠᠷᠪᠠᠨ ᠠᠩᠭᠢ ᠴᠡᠷᠢᠭ ᠢ᠋ ᠨᠡᠬᠡᠵᠦ ᠡᠴᠢᠭᠡᠳ᠂ ᠤᠷᠢᠳᠠ ᠬᠠᠷᠯᠢᠭᠤᠳ ᠤᠯᠤᠰ ᠲᠤᠷ ᠣᠷᠣᠵᠤ᠂ ᠡᠳᠡᠭᠡᠷ ᠤᠴᠢᠷ ᠢ᠋ ᠪᠦᠷᠢᠳᠬᠡᠨ ᠬᠡᠯᠡᠵᠦ᠂ ᠠᠷᠪᠠᠨ ᠬᠣᠶᠠᠷ ᠬᠣᠲᠠ᠂ ᠬᠣᠷᠢᠨ ᠮᠣᠵᠢ ᠶ᠋ᠢ ᠠᠪᠴᠤ ᠳᠠᠭᠠᠪᠠ᠃ ᠪᠧᠲ᠋ᠠ᠋ ᠤᠯᠤᠰ ᠤ᠋ᠨ ᠴᠡᠷᠢᠭ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠬᠠᠷᠯᠢᠭᠤᠳ ᠢ᠋ ᠪᠦᠷᠢᠨ᠎ᠡ ᠡᠵᠡᠯᠡᠵᠦ᠂ ᠳᠠᠭᠠᠯᠳᠤᠭ᠎ᠠ ᠲᠠᠢᠽᠦ ᠶ᠋ᠢᠨ ᠴᠡᠷᠢᠭ ᠪᠠᠰᠠ ᠬᠦᠷᠴᠦ ᠢᠷᠡᠭᠡᠳ ᠪᠠᠢᠴᠠᠭᠠᠪᠠᠰᠤ᠂ ᠠᠷᠰᠯᠠᠨ ᠬᠠᠭᠠᠨ ᠬᠥᠪᠡᠭᠦᠨ ᠦᠭᠡᠢ ᠲᠤᠯᠠ ᠤᠷᠢᠳᠤ ᠶ᠋ᠢᠨ ᠡᠵᠡᠨ ᠮᠠᠢᠳᠠᠷ ᠤ᠋ᠨ ᠬᠥᠪᠡᠭᠦᠨ ᠢ᠋ ᠠᠷᠰᠯᠠᠨ ᠳ᠋ᠤᠷ ᠲᠡᠵᠢᠭᠡᠯᠭᠡᠨ ᠥᠭᠴᠦ ᠲᠠᠬᠢᠯ ᠢ᠋ ᠠᠨᠤ ᠵᠠᠯᠭᠠᠵᠤ᠂ ᠬᠣᠲᠠ ᠪᠦᠷᠢ ᠶ᠋ᠢᠨ ᠬᠣᠣ ᠰᠠᠩ ᠢ᠋ ᠨᠡᠭᠡᠭᠡᠵᠦ ᠴᠡᠷᠢᠭ ᠲᠦ᠍ᠷ ᠱᠠᠩ ᠲᠠᠯᠪᠢᠨ᠂ ᠬᠠᠷᠯᠢᠭᠤᠳ ᠤᠯᠤᠰ ᠤ᠋ᠨ ᠢᠷᠭᠡᠨ ᠳ᠋ᠦ᠍ᠷ ᠰᠠᠩ ᠤ᠋ᠨ ᠠᠮᠤ ᠶ᠋ᠢ ᠭᠠᠷᠭᠠᠵᠤ ᠶᠡᠬᠡᠯ᠎ᠡ ᠲᠦᠭᠡᠭᠡᠯᠭᠡᠪᠡ᠃ ᠬᠠᠷᠯᠢᠭᠤᠳ ᠤ᠋ᠨ ᠣᠯᠠᠨ ᠢᠷᠭᠡᠳ ᠲᠠᠢᠽᠦ ᠶ᠋ᠢ ᠦᠨᠡᠬᠡᠷ ᠲᠡᠭᠷᠢ ᠶ᠋ᠢᠨ ᠬᠥᠪᠡᠭᠦᠨ ᠭᠡᠮᠡᠨ ᠳᠠᠭᠤᠳᠠᠯᠴᠠᠨ ᠪᠠᠶᠠᠰᠤᠯᠴᠠᠪᠠ᠃ ᠲᠡᠳᠦᠢ ᠲᠠᠢᠽᠦ ᠵᠤᠨ ᠤ᠋ ᠬᠠᠯᠠᠭᠤᠨ ᠢ᠋ ᠬᠠᠷᠯᠢᠭᠤᠳ ᠤ᠋ᠨ ᠭᠠᠵᠠᠷ᠎ᠠ ᠵᠤᠰᠠᠵᠤ᠂ ᠴᠡᠷᠢᠭ ᠢ᠋ ᠲᠡᠭᠰᠢᠯᠡᠵᠦ᠂ ᠨᠠᠮᠤᠷ ᠣᠯᠠᠨ ᠴᠡᠷᠢᠭ ᠢ᠋ᠶ᠋ᠡᠷ ᠪᠠᠷᠠᠭᠤᠨ ᠲᠥᠪᠡᠳ ᠦ᠋ᠨ ᠵᠦᠭ ᠡᠴᠢᠬᠦᠢ ᠳ᠋ᠦ᠍ᠷ ᠮᠤᠬᠤᠯᠢ᠂ ᠴᠠᠭᠠᠲᠠᠢ ᠵᠣᠴᠢ ᠬᠣᠶᠠᠭᠤᠯᠠ ᠶ᠋ᠢᠨ ᠠᠷᠪᠠᠨ ᠳᠥᠷᠪᠡᠨ ᠵᠠᠩᠵᠤᠨ ᠢ᠋ ᠬᠠᠷᠯᠢᠭᠤᠳ ᠲᠤᠷ ᠦᠯᠡᠳᠡᠭᠡᠵᠦ᠂ ᠰᠢᠶᠠ ᠤᠯᠤᠰ ᠢ᠋ ᠰᠡᠷᠭᠡᠢᠯᠡ ᠭᠡᠮᠡᠨ ᠪᠠᠰᠠ ᠳᠠᠴᠢᠩᠬᠤᠷᠯᠤ᠂ ᠢᠯᠠᠭᠤᠭᠰᠠᠨ ᠬᠣᠶᠠᠭᠤᠯᠠ ᠳ᠋ᠤᠷ ᠵᠠᠬᠢᠳᠠᠯ ᠪᠢᠴᠢᠭ ᠦᠯᠡᠳᠡᠭᠡᠵᠦ ᠴᠠᠭᠠᠲᠠᠢ ᠳ᠋ᠤᠷ ᠲᠤᠰᠢᠶᠠᠪᠠ᠃ ᠡᠢᠨ ᠬᠦ᠌ ᠲᠤᠰ ᠲᠤᠰ ᠵᠠᠬᠢᠳᠠᠯ ᠢ᠋ᠶ᠋ᠠᠷ ᠰᠤᠷᠭᠠᠵᠤ ᠬᠣᠴᠣᠷᠤᠭᠤᠯᠤᠨ᠂ ᠲᠠᠢᠽᠦ ᠠᠷᠪᠠᠨ ᠠᠩᠭᠢ ᠴᠡᠷᠢᠭ ᠢ᠋ᠶ᠋ᠡᠨ ᠠᠪᠴᠤ ᠪᠠᠷᠠᠭᠤᠨ ᠲᠥᠪᠡᠳ ᠦ᠋ᠨ ᠵᠦᠭ ᠮᠣᠷᠢᠯᠠᠬᠤᠢ ᠳ᠋ᠤᠷ ᠲᠠᠩᠭᠤᠳ ᠤ᠋ᠨ ᠰᠢᠳᠤᠷᠭᠤ ᠬᠠᠭᠠᠨ ᠣᠯᠠᠨ ᠲᠦᠰᠢᠮᠡᠳ ᠢ᠋ᠶ᠋ᠡᠨ ᠠᠪᠴᠤ ᠤᠭᠲᠤᠵᠤ ᠳᠠᠭᠠᠪᠠ᠃ ᠲᠠᠢᠽᠦ ᠦᠵᠡᠪᠡᠰᠦ ᠰᠢᠳᠤᠷᠭᠤ ᠬᠠᠭᠠᠨ ᠪᠢᠴᠢᠬᠠᠨ ᠴᠢᠷᠠᠢ ᠪᠠᠭ᠎ᠠ ᠪᠡᠶ᠎ᠡ ᠲᠡᠢ᠂ ᠬᠥᠮᠦᠨ ᠢᠨᠦ ᠲᠣᠭᠲᠠᠭᠤᠷᠢ ᠦᠭᠡᠢ ᠲᠤᠯᠠ ᠥᠭᠦᠯᠡᠷᠦᠨ :《ᠴᠢᠮᠠᠢ ᠦᠵᠡᠪᠡᠰᠦ ᠰᠠᠨᠠᠭᠠᠨ ᠥᠴᠦᠬᠡᠨ ᠰᠡᠳᠬᠢᠯ ᠮᠥᠴᠢᠳ ᠲᠣᠭᠲᠠᠭᠤᠷᠢ ᠦᠭᠡᠢ ᠬᠥᠮᠦᠨ ᠪᠠᠢᠨᠠᠮ᠂ ᠭᠠᠭᠴᠠ ᠴᠢ ᠡᠷᠲᠡ ᠡᠴᠡ ᠢᠷᠡᠵᠦ ᠳᠠᠭᠠᠭᠰᠠᠨ ᠲᠤᠯᠠ ᠴᠢᠨᠦ ᠤᠷᠢᠳᠤ ᠶ᠋ᠢᠨ ᠶᠠᠯ᠎ᠠ ᠶ᠋ᠢ ᠬᠡᠯᠲᠦᠷᠢᠭᠦᠯᠰᠦᠭᠡᠢ !》ᠭᠡᠮᠡᠨ ᠲᠣᠬᠣᠨᠢᠭᠤᠯᠤᠨ ᠬᠡᠯᠡᠵᠦ᠂ ᠣᠯᠠᠨ ᠴᠡᠷᠢᠭ ᠲᠦ᠍ᠷ ᠬᠦᠨᠳᠦᠳᠡ ᠱᠠᠩ ᠲᠠᠯᠪᠢᠭᠤᠯᠤᠨ᠂ ᠲᠠᠩᠭᠤᠳ ᠤ᠋ᠨ ᠠᠯᠪᠠ ᠶ᠋ᠢ ᠲᠠᠪᠤᠨ ᠮᠢᠩᠭᠠᠨ ᠠᠴᠢᠶ᠎ᠠ᠂ ᠴᠠᠯᠮ᠎ᠠ᠂ ᠲᠡᠷᠮ᠎ᠡ᠂ ᠬᠡᠪᠢᠰ᠂ ᠲᠣᠷᠭ᠎ᠠ᠂ ᠠᠯᠲᠠ ᠮᠥᠩᠭᠥᠨ ᠢ᠋ ᠤᠯᠤᠰ ᠲᠤᠷ ᠬᠥᠷᠭᠡᠯᠭᠡᠵᠦ ᠢᠯᠡᠭᠡᠪᠡ᠃  
       ᠬᠥᠬᠡᠭᠴᠢᠨ ᠦᠬᠡᠷ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠳ᠋ᠤᠷ ᠮᠤᠬᠤᠯᠢ ᠲᠠᠪᠤᠨ ᠪᠠᠷᠰ ᠤ᠋ᠨ ᠵᠠᠩᠵᠤᠨ ᠢ᠋ ᠠᠪᠴᠤ ᠤᠷᠢᠳᠠ ᠬᠠᠷ᠎ᠠ ᠲᠥᠪᠡᠳ ᠲᠣᠷ ᠣᠷᠣᠪᠠ ᠃ ᠲᠠᠢᠽᠦ ᠠᠷᠪᠠᠨ ᠠᠩᠭᠢ ᠶᠡᠬᠡ ᠴᠡᠷᠢᠭ ᠢ᠋ ᠠᠪᠴᠤ ᠬᠣᠢᠨ᠎ᠠ ᠠ᠋ᠴᠠ ᠲᠥᠪᠡᠳ ᠦ᠋ᠨ ᠵᠦᠭ ᠡᠴᠢᠪᠡ᠃ ᠡᠨᠡ ᠢᠨᠦ ᠰᠢᠶᠠ ᠤᠯᠤᠰ ᠤ᠋ᠨ ᠪᠠᠷᠠᠭᠤᠨ ᠠ᠋ᠴᠠ ᠣᠷᠣᠬᠤ ᠵᠠᠮ ᠢ᠋ ᠪᠥᠭᠯᠡᠬᠦ ᠠᠷᠭ᠎ᠠ ᠠᠵᠤᠭᠤ᠃ ᠡᠨᠡ ᠮᠡᠳᠡᠭᠡ ᠶ᠋ᠢ ᠰᠢᠶᠠ ᠤᠯᠤᠰ ᠤ᠋ᠨ ᠡᠵᠡᠨ ᠯᠢ ᠠᠨ ᠴᠢᠣᠸᠠᠨ ᠰᠣᠨᠣᠰᠴᠤ ᠴᠡᠷᠢᠭ ᠢᠯᠡᠬᠡᠨ᠂ ᠯᠦᠸᠧ ᠽᠢ ᠴᠧᠩ  ᠬᠣᠲᠠ ᠪᠠ ᠯᠢ ᠴᠢᠯᠢ ᠬᠣᠷᠣᠭ᠎ᠠ ᠶ᠋ᠢ ᠪᠤᠯᠢᠶᠠᠷ᠎ᠠ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠴᠡᠷᠢᠭ ᠦᠬᠦᠨ ᠰᠠᠬᠢᠵᠤ᠂ ᠪᠧᠲ᠋ᠠ᠋ ᠤᠯᠤᠰ ᠲᠠᠭᠠᠨ ᠮᠡᠳᠡᠭᠡ ᠢᠯᠡᠭᠡᠭᠰᠡᠨ ᠳ᠋ᠦ᠍ᠷ ᠪᠤᠭᠤᠷᠵᠢ ᠲᠠᠪᠤᠨ ᠲᠦᠮᠡᠨ ᠴᠡᠷᠢᠭ ᠠᠪᠴᠤ ᠢᠷᠡᠬᠦᠢ ᠳ᠋ᠦ᠍ᠷ ᠬᠠᠷᠢᠨ ᠬᠠᠷᠯᠢᠭᠤᠳ ᠲᠤᠷ ᠦᠯᠡᠳᠡᠭᠰᠡᠨ ᠴᠠᠭᠠᠲᠠᠢ᠂ ᠵᠣᠴᠢ ᠬᠣᠶᠠᠭᠤᠯᠠ ᠬᠡᠳᠦᠢᠨᠡᠢ ᠠᠷᠪᠠᠨ ᠬᠣᠶᠠᠷ ᠵᠠᠩᠵᠤᠨ᠂ ᠬᠠᠷᠯᠢᠭᠤᠳ ᠤ᠋ᠨ ᠭᠤᠷᠪᠠᠨ ᠲᠦᠮᠡᠨ ᠴᠡᠷᠢᠭ ᠢ᠋ ᠠᠪᠤᠨ ᠢᠷᠡᠵᠦ ᠬᠠᠭᠠᠭᠰᠠᠨ ᠴᠡᠷᠢᠭ ᠢ᠋ ᠳᠠᠷᠤᠵᠤ᠂ ᠬᠣᠲᠠᠨ ᠳ᠋ᠤᠷ ᠣᠷᠣᠵᠤ᠂ ᠬᠣᠲᠠ ᠶ᠋ᠢᠨ ᠬᠣᠲᠠᠯᠠᠭᠠᠷ ᠢ᠋ ᠴᠥᠮ ᠢᠯᠪᠢᠨ ᠲᠣᠬᠣᠨᠢᠭᠤᠯᠵᠤ᠂ ᠣᠯᠠᠨ ᠴᠡᠷᠢᠭ ᠢᠷᠭᠡᠨ ᠢ᠋ ᠨᠡᠭᠦᠯᠭᠡᠨ᠂ ᠯᠢ ᠴᠢᠯᠢ ᠬᠣᠷᠣᠭ᠎ᠠ ᠶ᠋ᠢ ᠳᠠᠭᠠᠷᠢᠨ ᠢᠷᠡᠬᠦᠢ ᠳ᠋ᠦ᠍ᠷ ᠯᠢ ᠴᠢᠯᠢ ᠬᠣᠷᠣᠭ᠎ᠠ ᠶ᠋ᠢᠨ ᠴᠡᠷᠢᠭ ᠬᠡᠳᠦᠢᠨᠡᠢ ᠬᠣᠲᠠ ᠶ᠋ᠢᠨ ᠴᠡᠷᠢᠭ ᠳᠠᠷᠤᠭᠳᠠᠭᠰᠠᠨ ᠢ᠋ ᠰᠣᠨᠣᠰᠤᠭᠰᠠᠨ ᠲᠤᠯᠠ ᠤᠷᠤᠭ᠍ᠰᠢ ᠣᠷᠣᠵᠤ ᠨᠡᠢᠲᠡ ᠶ᠋ᠢ ᠬᠣᠷᠢᠶᠠᠨ ᠠᠪᠴᠤ ᠤᠯᠤᠰ ᠲᠤ᠌ ᠡᠭᠡᠬᠦ ᠵᠠᠮ ᠳ᠋ᠠᠭᠠᠨ ᠪᠤᠭᠤᠷᠵᠢ ᠶ᠋ᠢᠨ ᠴᠡᠷᠢᠭ ᠲᠦ᠍ᠷ ᠤᠴᠠᠷᠠᠵᠤ ᠬᠠᠷᠢᠯᠴᠠᠨ ᠶᠡᠬᠡᠯ᠎ᠡ ᠪᠠᠶᠠᠷᠯᠠᠨ᠂ ᠵᠠᠮ ᠳ᠋ᠤᠷ ᠸᠠᠩᠬᠦᠪ ᠠᠢᠮᠠᠭ ᠢ᠋ ᠳᠠᠭᠠᠷᠢᠨ ᠭᠠᠷᠬᠤᠢ ᠳ᠋ᠤᠷ ᠴᠠᠭᠠᠲᠠᠢ᠂ ᠮᠤᠬᠤᠯᠢ ᠶ᠋ᠢᠨ ᠪᠢᠴᠢᠭ ᠢ᠋ ᠲᠤᠰᠢᠶᠠᠭᠰᠠᠨ ᠳ᠋ᠤᠷ ᠳᠠᠴᠢᠩᠬᠤᠷᠯᠤ ᠪᠢᠴᠢᠭ ᠢ᠋ ᠦᠵᠡᠭᠡᠳ ᠶᠡᠬᠡᠯ᠎ᠡ ᠪᠠᠶᠠᠷᠯᠠᠵᠤ ᠰᠥᠨᠢ ᠣᠯᠠᠨ ᠯᠤᠭ᠎ᠠ ᠰᠡᠮᠡᠬᠡᠷ ᠵᠥᠪᠯᠡᠪᠡ᠃ ᠰᠢᠳᠠᠷ ᠠᠷᠠᠳ ᠢ᠋ ᠴᠥᠮ ᠵᠠᠢᠯᠠᠭᠤᠯᠤᠭᠰᠠᠨ ᠲᠤᠯᠠ ᠶᠠᠭᠤ ᠵᠥᠪᠯᠡᠭᠰᠡᠨ ᠢ᠋ ᠮᠡᠳᠡᠬᠦ ᠦᠭᠡᠢ᠃ 
       ᠲᠡᠳᠦᠢ ᠳᠠᠴᠢᠩᠬᠤᠷᠯᠤ᠂ ᠢᠯᠠᠭᠤᠭᠰᠠᠨ ᠢ᠋ ᠳᠠᠭᠤᠳᠠᠵᠤ ᠬᠣᠶᠠᠭᠤᠯᠠ ᠲᠠᠪᠤᠨ ᠮᠢᠩᠭᠠᠨ ᠴᠡᠷᠢᠭ ᠠᠪᠴᠤ ᠬᠠᠭᠤᠴᠢᠨ ᠮᠤᠩ ᠤᠯᠤᠰ ᠤ᠋ᠨ ᠭᠣᠣᠯ ᠤ᠋ᠨ ᠠᠮᠠᠨ ᠳ᠋ᠤᠷ ᠭᠠᠵᠠᠷ ᠢ᠋ ᠤᠬᠤᠵᠤ ᠰᠢᠷᠣᠢ ᠣᠪᠣᠭᠠᠯᠠᠨ ᠬᠣᠲᠠ ᠬᠦᠷᠢᠶ᠎ᠡ ᠴᠣᠭᠴᠠᠯᠠᠭᠤᠯᠤᠮᠤᠢ᠂ ᠰᠢᠶᠠ ᠤᠯᠤᠰ ᠤ᠋ᠨ ᠴᠡᠷᠢᠭ ᠦ᠋ᠨ ᠬᠣᠲᠠ ᠬᠣᠷᠣᠭ᠎ᠠ ᠴᠥᠮ ᠬᠣᠭᠣᠰᠣᠷᠠᠭᠰᠠᠨ ᠲᠤᠯᠠ ᠴᠡᠷᠢᠭ ᠣᠷᠣᠪᠠᠴᠤ ᠢᠳᠡᠬᠦ ᠶᠠᠭᠤᠮ᠎ᠠ ᠦᠭᠡᠢ ᠪᠣᠯᠭᠠᠭᠰᠠᠨ ᠳ᠋ᠤᠷ ᠠᠷᠭ᠎ᠠ ᠦᠭᠡᠢ ᠴᠡᠷᠢᠭ ᠡᠭᠡᠪᠡ᠃ ᠲᠡᠳᠦᠢ ᠴᠠᠭᠠᠲᠠᠢ ᠡᠨᠡ ᠬᠣᠶᠠᠷ ᠭᠠᠵᠠᠷ ᠤ᠋ᠨ ᠤᠯᠤᠰ ᠢᠷᠭᠡᠨ ᠦ᠌ ᠮᠣᠷᠢ ᠲᠡᠮᠡᠭᠡ᠂ ᠠᠯᠲᠠ ᠮᠥᠩᠭᠥᠨ᠂ ᠲᠣᠷᠭ᠎ᠠ ᠪᠥᠰ᠂ ᠡᠯ᠎ᠡ ᠵᠦᠢᠯ ᠦ᠋ᠨ ᠰᠠᠪᠠ ᠵᠡᠪᠰᠡᠭ ᠢ᠋ ᠬᠡᠳᠦᠨ ᠲᠦᠮᠡᠨ ᠲᠡᠷᠭᠡ ᠣᠯᠵᠤ ᠳᠠᠷᠤᠢ ᠣᠯᠠᠨ ᠢᠷᠭᠡᠨ ᠢ᠋ ᠵᠠᠬᠢᠷᠤᠨ ᠤᠨᠤᠨ ᠮᠥᠷᠡᠨ ᠦ᠌ ᠬᠥᠪᠡᠭᠡ ᠳ᠋ᠦ᠍ᠷ ᠨᠤᠲᠤᠭᠯᠠᠭᠤᠯᠪᠠ᠃ 
       ᠲᠡᠨᠳᠡᠴᠡ ᠲᠠᠢᠽᠦ ᠪᠠᠷᠠᠭᠤᠨ ᠡᠮᠦᠨ᠎ᠡ ᠵᠦᠭ ᠣᠷᠣᠵᠤ ᠡᠴᠢᠭᠰᠡᠨ ᠳ᠋ᠦ᠍ᠷ ᠪᠧᠲ᠋ᠠ᠋ ᠤᠯᠤᠰ ᠤ᠋ᠨ ᠴᠡᠷᠢᠭ ᠦ᠋ᠨ ᠨᠡᠷ᠎ᠡ ᠶ᠋ᠢ ᠰᠣᠨᠣᠰᠤᠭᠰᠠᠨ ᠭᠠᠵᠠᠷ ᠣᠷᠣᠨ᠂  ᠪᠠᠭ᠎ᠠ ᠪᠠᠭ᠎ᠠ ᠤᠯᠤᠰ ᠠᠢᠮᠠᠭ ᠤ᠋ᠳ ᠰᠠᠯᠬᠢᠨ ᠤ᠋ ᠳᠣᠣᠷᠠᠬᠢ ᠨᠠᠢᠯᠵᠠᠭᠤᠷ ᠡᠪᠡᠰᠦ ᠮᠡᠲᠦ ᠳᠠᠭᠠᠵᠤ ᠠᠯᠪᠠ ᠪᠠᠷᠢᠭ᠍ᠰᠠᠭᠠᠷ ᠶᠠᠪᠤᠵᠤ᠂ ᠬᠣᠲᠣᠩ ᠤᠯᠤᠰ ᠤ᠋ᠨ ᠬᠣᠷᠢᠨ ᠬᠣᠲᠠᠨ ᠳ᠋ᠤᠷ ᠬᠦᠷᠴᠦ ᠬᠣᠲᠣᠩ ᠤ᠋ᠨ ᠡᠵᠡᠨ ᠪᠠᠪᠠᠫᠦ᠋ ᠬᠣᠷᠢᠨ ᠲᠦᠮᠡᠨ ᠴᠡᠷᠢᠭ ᠠᠪᠴᠤ ᠮᠤᠬᠤᠯᠢ ᠶ᠋ᠢᠨ ᠴᠡᠷᠢᠭ ᠢ᠋ ᠬᠥᠨᠳᠡᠯᠢᠳᠴᠦ ᠤᠴᠢᠷ ᠢ᠋ ᠠᠰᠠᠭᠤᠬᠤᠢ ᠳ᠋ᠤᠷ ᠮᠤᠬᠤᠯᠢ ᠵᠢᠭ᠍ᠰᠠᠭᠠᠯ ᠤ᠋ᠨ ᠡᠮᠦᠨ᠎ᠡ ᠭᠠᠷᠴᠤ ᠥᠭᠦᠯᠡᠷᠦᠨ :《ᠮᠠᠨ ᠤ᠋ ᠡᠵᠡᠨ ᠲᠥᠪᠡᠳ ᠦ᠋ᠨ ᠡᠮᠦᠨ᠎ᠡ ᠡᠨᠡᠳᠬᠡᠭ ᠲᠣᠷ ᠮᠣᠷᠢᠯᠠᠵᠤ ᠲᠡᠷᠡ ᠭᠠᠵᠠᠷ ᠤ᠋ᠨ ᠨᠠᠷᠠᠨ ᠤ᠋ ᠲᠤᠰᠤᠯᠲᠠ᠂ ᠤᠰᠤᠨ ᠤ᠋ ᠤᠷᠤᠰᠬᠠᠯ ᠢ᠋ ᠦᠵᠡᠷ᠎ᠡ ᠡᠴᠢᠮᠦᠢ᠂ ᠵᠠᠮ ᠳ᠋ᠤᠷ ᠮᠠᠨ ᠤ᠋ ᠡᠵᠡᠨ ᠦ᠌ ᠲᠡᠭᠷᠢ ᠶ᠋ᠢᠨ ᠬᠥᠪᠡᠭᠦᠨ ᠢ᠋ ᠲᠠᠨᠢᠵᠤ ᠭᠠᠷᠤᠭᠠᠳ ᠳᠠᠭᠠᠵᠤ ᠠᠯᠪᠠ ᠪᠠᠷᠢᠭᠴᠢᠳ ᠢ᠋ ᠬᠣᠷᠢᠶᠠᠨ ᠠᠪᠤᠮᠤᠢ᠂ ᠡᠰᠡ ᠳᠠᠭᠠᠬᠤ ᠶ᠋ᠢ ᠡᠷᠢᠨ ᠳᠠᠢᠯᠠᠬᠤ ᠦᠭᠡᠢ᠂ ᠬᠡᠷᠪᠡ ᠡᠰᠡᠷᠭᠦᠴᠡᠨ ᠪᠠᠢᠯᠳᠤᠰᠤᠭᠠᠢ ᠬᠡᠮᠡᠪᠡᠰᠦ ᠳᠠᠷᠤᠢ ᠪᠡᠯᠡᠨ ᠬᠤᠮᠪᠢᠨ ᠠᠪᠴᠤ ᠤᠯᠠᠷᠢᠵᠤ ᠭᠠᠷᠤᠮᠤᠢ᠃ ᠲᠠᠨ ᠤ᠋ ᠬᠣᠷᠢᠨ ᠲᠦᠮᠡᠨ ᠢ᠋ ᠴᠦ᠍ ᠪᠠᠢᠲᠤᠭᠠᠢ ᠬᠡᠳᠦᠢ ᠵᠠᠭᠤᠨ ᠲᠦᠮᠡᠨ ᠪᠣᠯᠪᠠᠴᠤ ᠮᠠᠨ ᠤ᠋ ᠡᠵᠡᠨ ᠦᠯᠦ ᠠᠶᠤᠮᠤᠢ᠃ ᠲᠠ ᠮᠠᠨ ᠤ᠋ ᠲᠠᠪᠤᠨ ᠲᠦᠮᠡᠨ ᠴᠡᠷᠢᠭ ᠢ᠋ᠶ᠋ᠡᠷ ᠬᠠᠯᠳᠠᠷ᠎ᠠ ᠡᠴᠢᠭᠰᠡᠨ ᠬᠠᠷᠯᠢᠭᠤᠳ ᠤ᠋ᠨ ᠵᠢᠷᠠᠨ ᠲᠦᠮᠡᠨ ᠴᠡᠷᠢᠭ ᠢ᠋ ᠳᠠᠷᠤᠵᠤ᠂ ᠬᠠᠷᠯᠢᠭᠤᠳ ᠢ᠋ ᠴᠥᠮ ᠬᠤᠷᠢᠶᠠᠮᠵᠢᠯᠠᠭᠰᠠᠨ ᠢ᠋ ᠡᠰᠡ ᠰᠣᠨᠣᠰᠪᠠᠤ ? 》ᠬᠡᠮᠡᠬᠦᠢ ᠳ᠋ᠦ᠍ᠷ ᠪᠠᠪᠠᠫᠦ᠋ ᠥᠭᠦᠯᠡᠷᠦᠨ :《ᠪᠧᠲ᠋ᠠ᠋ ᠶ᠋ᠢᠨ ᠡᠵᠡᠨ ᠢ᠋ ᠬᠡᠳᠦᠢᠨᠡᠢ ᠡᠴᠡ ᠬᠣᠢᠲᠤ ᠭᠠᠵᠠᠷ ᠠᠯᠲᠠᠨ ᠭᠠᠳᠠᠰᠤ ᠣᠳᠣᠨ ᠪᠠᠭᠤᠵᠤ ᠲᠡᠭᠷᠢ ᠶ᠋ᠢᠨ ᠬᠥᠪᠡᠭᠦᠨ ᠲᠥᠷᠥᠪᠡ ᠭᠡᠮᠡᠨ ᠰᠣᠨᠣᠰᠤᠭᠰᠠᠨ ᠪᠥᠯᠥᠭᠡ᠃ ᠡᠨᠡ ᠬᠡᠳᠦᠨ ᠵᠢᠯ ᠲᠠᠨ ᠤ᠋ ᠤᠯᠤᠰ ᠤ᠋ᠨ ᠳᠥᠷᠪᠡᠨ ᠵᠦᠭ ᠳᠠᠢᠯᠠᠨ ᠶᠠᠪᠤᠬᠤ ᠶ᠋ᠢ ᠰᠣᠨᠣᠰᠬᠤᠯ᠎ᠠ ᠨᠡᠯᠢᠶᠡᠳ ᠶᠡᠬᠡ ᠶᠣᠰᠣ ᠵᠢᠷᠤᠮᠲᠤ ᠪᠠᠢᠳᠠᠯ ᠪᠠᠢᠨᠠᠮ᠂ ᠨᠡᠩ ᠪᠠᠰᠠ ᠬᠣᠯᠠ ᠣᠢᠷ᠎ᠠ ᠣᠯᠠᠨ ᠨᠡᠢᠲᠡ ᠪᠡᠷ ᠲᠠᠨ ᠤ᠋ ᠡᠵᠡᠨ ᠢ᠋ ᠭᠡᠷᠡᠯ ᠡᠴᠡ ᠣᠯᠵᠤ ᠨᠥᠵᠢ ᠠᠳᠬᠤᠨ ᠲᠥᠷᠥᠭᠡᠳ ᠲᠦᠮᠡᠨ ᠬᠥᠮᠦᠨ ᠡᠴᠡ ᠰᠦᠷ ᠲᠡᠢ ᠮᠢᠩᠭᠠᠨ ᠬᠥᠮᠦᠨ ᠡᠴᠡ ᠭᠡᠷᠡᠯᠲᠡᠢ᠂ ᠬᠥᠮᠦᠨ ᠢ᠋ ᠰᠥᠷᠲᠡᠭᠡᠨ ᠴᠢᠳᠠᠬᠤ ᠰᠦᠷ ᠲᠡᠢ ᠲᠥᠷᠥᠪᠡ ᠬᠡᠮᠡᠮᠦᠢ᠃ ᠡᠳᠦᠭᠡ ᠮᠠᠨ ᠤ᠋ ᠤᠯᠤᠰ ᠢ᠋ᠶ᠋ᠡᠷ ᠠᠷᠪᠠᠨ ᠬᠡᠳᠦᠨ ᠲᠦᠮᠡᠨ ᠴᠡᠷᠢᠭ ᠥᠩᠭᠡᠷᠡᠬᠦᠢ ᠳ᠋ᠦ᠍ᠷ ᠮᠠᠨ ᠤ᠋ ᠰᠡᠵᠢᠭᠯᠡᠬᠦ ᠶ᠋ᠢ ᠦᠭᠡᠢ ᠪᠣᠯᠭᠠᠬᠤᠶ᠎ᠠ ᠪᠡᠷᠬᠡ᠃ ᠬᠡᠷᠪᠡ ᠮᠠᠨ ᠢ᠋ ᠡᠰᠡ ᠬᠣᠣᠷᠯᠠᠨ ᠥᠩᠭᠡᠷᠡᠪᠡᠰᠦ᠂ ᠪᠢᠳᠡ ᠬᠠᠯᠬᠠᠯᠠᠨ ᠪᠠᠢᠯᠳᠤᠬᠤ ᠦᠭᠡᠢ ᠪᠡᠷ ᠦᠯᠦ ᠪᠠᠷᠠᠨ᠂ ᠴᠡᠷᠢᠭ ᠲᠦ᠍ᠷ ᠮᠥᠨ ᠬᠦᠨᠡᠰᠦ ᠲᠤᠰᠠᠯᠠᠨ ᠵᠠᠬ᠎ᠠ ᠭᠠᠷᠲᠠᠯ᠎ᠠ ᠦᠳᠡᠮᠦᠢ᠂ ᠨᠡᠩ ᠪᠠᠰᠠ ᠲᠠᠨ ᠤ᠋ ᠡᠵᠡᠨ ᠮᠠᠨ ᠳ᠋ᠤᠷ ᠵᠣᠯᠭᠠᠵᠤ ᠪᠢᠳᠡ ᠯᠠᠪᠯᠠᠨ ᠲᠡᠩᠰᠡᠵᠦ ᠦᠵᠡᠭᠡᠳ ᠦᠨᠡᠬᠡᠷ ᠲᠡᠭᠷᠢ ᠶ᠋ᠢᠨ ᠬᠥᠪᠡᠭᠦᠨ ᠢ᠋ᠶ᠋ᠡᠨ ᠮᠡᠳᠡᠭᠳᠡᠪᠡᠰᠦ᠂ ᠪᠠᠰᠠ ᠴᠤ᠌ ᠠᠯᠪᠠ ᠪᠠᠷᠢᠵᠤ ᠳᠠᠭᠠᠬᠤ ᠳ᠋ᠤᠷ ᠪᠡᠷᠬᠡ ᠦᠭᠡᠢ ᠬᠡᠷᠡᠭ ! 》 ᠬᠡᠮᠡᠭᠰᠡᠨ ᠳ᠋ᠦ᠍ᠷ ᠮᠤᠬᠤᠯᠢ ᠪᠠᠶᠠᠷᠯᠠᠵᠤ ᠴᠡᠷᠢᠭ ᠢ᠋ᠶ᠋ᠡᠨ ᠪᠠᠭᠤᠳᠠᠯᠯᠠᠵᠤ᠂ ᠲᠠᠢᠽᠦ ᠶ᠋ᠢ ᠬᠦᠯᠢᠶᠡᠵᠦ ᠡᠳᠡᠭᠡᠷ ᠤᠴᠢᠷ ᠢ᠋ ᠮᠡᠳᠡᠭᠦᠯᠦᠭᠰᠡᠨ ᠳ᠋ᠦ᠍ᠷ ᠲᠠᠢᠽᠦ ᠵᠣᠯᠭᠠᠰᠤᠭᠠᠢ ᠭᠡᠮᠡᠨ ᠲᠣᠭᠲᠠᠵᠤ᠂ ᠬᠣᠶᠠᠷ ᠡᠲᠡᠭᠡᠳ ᠶᠡᠬᠡ ᠵᠢᠭ᠍ᠰᠭ᠋ᠠᠯ ᠵᠢᠭ᠍ᠰᠠᠭᠠᠵᠤ᠂ ᠵᠢᠴᠢ ᠡᠳᠦᠷ ᠦ᠋ᠨ ᠯᠤᠤ ᠴᠠᠭ ᠲᠤᠷ ᠵᠢᠭ᠍ᠰᠠᠭᠠᠯ ᠤ᠋ᠨ ᠡᠮᠦᠨ᠎ᠡ ᠳ᠋ᠦ᠍ᠷ ᠵᠣᠯᠭᠠᠬᠤ ᠪᠠᠷ ᠪᠣᠯᠵᠣᠪᠠ᠃ ᠰᠥᠨᠢ ᠲᠠᠢᠽᠦ ᠰᠦᠯᠳᠡ ᠲᠡᠭᠷᠢ ᠡᠴᠢᠭᠡ ᠶ᠋ᠢᠨ ᠡᠮᠦᠨ᠎ᠡ ᠪᠡᠨ ᠶᠢᠰᠦᠨ ᠵᠤᠯᠠ ᠡᠷᠭᠦᠵᠦ᠂ ᠬᠦᠵᠢ ᠰᠢᠲᠠᠭᠠᠨ ᠵᠠᠯᠪᠠᠷᠢᠨ ᠥᠭᠦᠯᠡᠷᠦᠨ :《ᠲᠡᠮᠦᠵᠢᠨ ᠪᠢ ᠦᠨᠡᠬᠡᠷ ᠲᠡᠭᠷᠢ ᠡᠴᠢᠭᠡ ᠶ᠋ᠢᠨ ᠵᠠᠬᠢᠶ᠎ᠠ ᠪᠠᠷ ᠢᠷᠡᠭᠰᠡᠨ ᠪᠥᠭᠡᠰᠦ ᠮᠠᠷᠭᠠᠲᠠ ᠯᠤᠤ ᠴᠠᠭ ᠲᠤᠷ ᠬᠣᠲᠣᠩ ᠤ᠋ᠳ ᠲᠤᠷ ᠵᠣᠯᠭᠠᠬᠤ ᠴᠠᠭ ᠲᠤ᠌᠂ ᠡᠷᠬᠡᠪᠰᠢ ᠲᠡᠮᠦᠵᠢᠨ ᠨᠠᠮᠠᠢ ᠬᠠᠮᠠᠭᠠᠯᠠᠵᠤ ᠴᠢᠨᠠᠳᠤᠰ ᠤ᠋ᠨ ᠨᠢᠳᠦ ᠰᠡᠳᠬᠢᠯ ᠢ᠋ ᠪᠢᠰᠢᠷᠡᠭᠦᠯᠬᠦ ᠨᠢᠭᠡᠨ ᠲᠡᠮᠳᠡᠭ ᠬᠠᠢᠷᠠᠯᠠᠵᠤ᠂ ᠨᠢᠭᠡᠨ ᠶᠡᠬᠡ ᠠᠢᠮᠠᠭ ᠬᠣᠲᠣᠩ ᠤ᠋ᠳ ᠢ᠋ ᠣᠷᠣᠭᠤᠯᠤᠨ ᠠᠪᠬᠤ ᠪᠣᠯᠪᠠᠤ ! 》ᠭᠡᠮᠡᠨ ᠵᠠᠯᠪᠠᠷᠢᠨ ᠮᠥᠷᠭᠥᠪᠡ᠃ ᠮᠤᠬᠤᠯᠢ᠂ ᠲᠠᠢᠽᠦ ᠶ᠋ᠢᠨ ᠵᠢᠭ᠍ᠰᠠᠭᠠᠯ ᠢ᠋ ᠰᠥᠨᠢ ᠭᠡᠨᠡᠳᠲᠡ ᠦᠵᠡᠪᠡᠰᠦ᠂ ᠲᠠᠢᠽᠦ ᠶ᠋ᠢᠨ ᠵᠠᠯᠠᠷᠠᠬᠤ ᠶᠡᠬᠡ ᠴᠠᠴᠠᠷ ᠤ᠋ᠨ ᠮᠥᠩᠭᠥᠨ ᠣᠷᠣᠢ ᠠ᠋ᠴᠠ ᠶᠢᠰᠦᠨ ᠵᠤᠷᠪᠤᠰ ᠴᠠᠭᠠᠨ ᠰᠣᠯᠣᠩᠭ᠎ᠠ ᠲᠠᠲᠠᠵᠤ᠂ ᠳᠥᠷᠪᠡᠨ ᠵᠦᠭ ᠰᠠᠴᠤᠷᠠᠨ ᠣᠭᠲᠠᠷᠭᠤᠢ ᠶ᠋ᠢᠨ ᠬᠠᠭᠠᠰ ᠬᠦᠷᠦᠭᠰᠡᠨ ᠳ᠋ᠦ᠍ᠷ ᠬᠣᠶᠠᠷ ᠤᠯᠤᠰ ᠤ᠋ᠨ ᠬᠣᠲᠠᠯᠠᠭᠠᠷ ᠴᠥᠮ ᠦᠵᠡᠪᠡ᠃ ᠮᠤᠬᠤᠯᠢ ᠭᠠᠢᠬᠠᠵᠤ ᠶᠡᠬᠡ ᠴᠠᠴᠠᠷ ᠲᠤᠷ ᠢᠷᠠᠪᠠᠰᠤ ᠦᠵᠡᠰᠡ ᠰᠦᠯᠳᠡ ᠲᠡᠭᠷᠢ ᠶ᠋ᠢᠨ ᠡᠮᠦᠨ᠎ᠡ ᠶᠢᠰᠦᠨ ᠠᠯᠲᠠᠨ ᠵᠤᠯᠠ ᠪᠠᠳᠠᠷᠠᠨ ᠰᠢᠲᠠᠵᠤ᠂ ᠲᠡᠭᠦᠨ ᠦ᠌ ᠤᠲᠤᠭᠠᠨ ᠲᠣᠭᠣᠨᠣ ᠪᠠᠷ ᠭᠠᠷᠴᠤ ᠡᠢᠨ ᠬᠦ᠌ ᠦᠵᠡᠭᠳᠡᠬᠦ ᠳ᠋ᠦ᠍ᠷ ᠰᠢᠳᠠᠷ ᠠᠷᠠᠳ ᠠ᠋ᠴᠠ ᠰᠣᠨᠣᠰᠪᠠᠰᠤ᠂ ᠡᠵᠡᠨ ᠦ᠌ ᠪᠡᠶ᠎ᠡ ᠵᠤᠯᠠ ᠡᠷᠭᠦᠵᠦ ᠲᠡᠭᠷᠢ ᠶ᠋ᠢᠨ ᠵᠦᠭ ᠬᠠᠨᠳᠤᠵᠤ ᠵᠠᠯᠪᠠᠷᠢᠨ ᠮᠥᠷᠭᠥᠭᠡᠳ ᠡᠢᠮᠦ ᠪᠣᠯᠪᠠ ᠬᠡᠮᠡᠭᠰᠡᠨ ᠳ᠋ᠦ᠍ᠷ ᠮᠤᠬᠤᠯᠢ ᠠᠷᠪᠠᠨ ᠠᠢᠮᠠᠭ ᠤ᠋ᠨ ᠲᠡᠷᠢᠭᠦᠯᠡᠭᠰᠡᠳ ᠢ᠋ ᠳᠠᠭᠤᠳᠠᠵᠤ ᠦᠵᠡᠭᠦᠯᠦᠭᠰᠡᠨ ᠳ᠋ᠦ᠍ᠷ ᠣᠯᠠᠨ ᠢ᠋ᠶ᠋ᠠᠷ ᠦᠨᠡᠬᠡᠷ ᠭᠠᠢᠬᠠᠯᠳᠤᠪᠠᠢ᠃ ᠳᠠᠷᠤᠢ ᠡᠨᠡ ᠭᠡᠷᠡᠯ ᠨᠢᠭᠡᠨ ᠰᠥᠨᠢ ᠠᠷᠢᠯᠤᠭᠰᠠᠨ ᠦᠭᠡᠢ ᠳ᠋ᠦ᠍ᠷ ᠬᠣᠲᠣᠩ ᠤᠯᠤᠰ ᠦᠬᠦᠨ ᠪᠢᠰᠢᠷᠡᠵᠦ᠂ ᠵᠢᠴᠢ ᠡᠳᠦᠷ ᠲᠠᠢᠽᠦ ᠶᠢᠰᠦᠨ ᠳᠠᠪᠬᠤᠷ ᠵᠢᠭ᠍ᠰᠠᠭᠠᠯ ᠵᠡᠷᠭᠡ ᠵᠡᠷᠭᠡ ᠪᠡᠷ ᠲᠠᠪᠰᠢᠵᠤ᠂ ᠶᠢᠰᠦᠨ ᠵᠡᠷᠭᠡ ᠬᠠᠭᠠᠯᠭ᠎ᠠ ᠵᠠᠯᠭ᠎ᠠ ᠵᠠᠯᠭ᠎ᠠ ᠪᠠᠷ ᠨᠡᠭᠡᠭᠡᠨ ᠠᠯᠲᠠᠨ ᠤ᠋ ᠬᠢᠭᠢᠷᠢ ᠶ᠋ᠢ ᠳᠡᠯᠭᠡᠵᠦ᠂ ᠲᠠᠢᠽᠦ ᠶ᠋ᠢᠨ ᠪᠡᠶ᠎ᠡ ᠢᠯᠡᠷᠡᠨ ᠭᠠᠷᠤᠭᠰᠠᠨ ᠳ᠋ᠤᠷ ᠬᠣᠶᠠᠷ ᠬᠠᠵᠠᠭᠤ ᠶ᠋ᠢᠨ ᠰᠢᠨ᠎ᠡ ᠬᠠᠭᠤᠴᠢᠨ ᠰᠠᠢᠳ ᠲᠡᠷᠢᠭᠦᠯᠡᠨ ᠣᠯᠠᠨ ᠵᠠᠩᠵᠤᠨ ᠨᠠᠷ ᠬᠣᠶᠠᠷ ᠠᠢᠮᠠᠭᠯᠠᠨ ᠵᠢᠭ᠍ᠰᠠᠭᠠᠭᠰᠠᠨ ᠠᠨᠤ᠂ ᠮᠠᠩᠨᠤᠭ ᠲᠠᠵᠢ ᠶ᠋ᠢ ᠵᠡᠷᠭᠡᠯᠡᠵᠦ ᠠᠯᠲᠠᠨ ᠰᠤᠪᠤᠳ ᠭᠢᠯᠪᠠᠰᠤᠨ᠂ ᠲᠠᠢᠽᠦ ᠶ᠋ᠢ ᠦᠵᠡᠪᠡᠰᠦ ᠶᠢᠰᠦᠨ ᠲᠣᠬᠣᠢ ᠥᠨᠳᠥᠷ᠂ ᠰᠠᠬᠢᠭᠤᠯᠰᠤᠨ ᠪᠡᠶ᠎ᠡ ᠢᠯᠡᠷᠡᠨ᠂ ᠲᠠᠪᠤᠨ ᠮᠤᠰᠬᠢᠶ᠎ᠠ ᠤᠷᠲᠤ ᠰᠠᠢᠬᠠᠨ ᠰᠠᠬᠠᠯ᠂ ᠨᠢᠭᠤᠷ ᠳᠦᠭᠦᠷᠡᠩ ᠨᠠᠷᠠᠨ ᠰᠠᠷᠠᠨ ᠤ᠋ ᠭᠡᠷᠡᠯ ᠴᠣᠭᠴᠠᠯᠠᠵᠤ ᠪᠡᠶ᠎ᠡ ᠶ᠋ᠢᠨ ᠬᠣᠲᠠᠯᠠᠭᠠᠷ ᠬᠥᠬᠡ ᠣᠭᠲᠠᠷᠭᠤᠢ ᠶ᠋ᠢᠨ ᠭᠦᠨ ᠪᠡᠯᠭᠡ ᠲᠡᠭᠦᠰᠴᠦᠬᠦᠢ᠃ ᠬᠣᠲᠣᠩ ᠤ᠋ᠨ ᠡᠵᠡᠨ ᠪᠠᠪᠠᠫᠦ᠋ ᠦᠵᠡᠮᠡᠭᠴᠡ ᠳᠣᠲᠣᠷ᠎ᠠ ᠳᠣᠯᠭᠢᠰᠤᠨ ᠬᠥᠳᠡᠯᠵᠦ ᠶᠠᠭᠠᠷᠠᠨ ᠮᠣᠷᠢᠨ ᠠ᠋ᠴᠠ ᠬᠠᠷᠠᠢᠨ ᠪᠠᠭᠤᠵᠤ᠂ ᠥᠨᠳᠥᠷ ᠳᠠᠭᠤᠨ ᠢ᠋ᠶ᠋ᠠᠷ ᠥᠭᠦᠯᠡᠷᠦᠨ :《ᠥᠴᠥᠭᠡᠳᠦᠷ ᠰᠥᠨᠢ ᠶ᠋ᠢᠨ ᠴᠠᠭᠠᠨ ᠭᠡᠷᠡᠯ ᠡᠨᠡ ᠡᠳᠦᠷ ᠦ᠋ᠨ ᠢᠯᠡ ᠪᠠᠢᠳᠠᠯ ᠳ᠋ᠤᠷ ᠦᠨᠡᠬᠡᠷ ᠲᠡᠭᠷᠢ ᠶ᠋ᠢᠨ ᠬᠥᠪᠡᠭᠦᠨ ᠦ᠌ ᠪᠠᠢᠳᠠᠯ ᠪᠣᠢ᠂ ᠲᠡᠢᠨ ᠪᠣᠯᠪᠠᠴᠤ ᠪᠢ ᠪᠠᠰᠠ ᠨᠢᠭᠡᠨ ᠲᠠᠰᠤᠷᠬᠠᠢ ᠢᠯᠡᠷᠬᠡᠢ ᠭᠡᠷᠡᠴᠢᠲᠦ ᠶᠠᠪᠤᠳᠠᠯ ᠢ᠋ ᠦᠵᠡᠰᠦᠭᠡᠢ ᠬᠡᠮᠡᠮᠦᠢ᠂ ᠪᠣᠯᠬᠤ ᠤᠤ ᠦᠭᠡᠢ ᠦᠦ ? 》 ᠲᠠᠢᠽᠦ ᠥᠭᠦᠯᠡᠷᠦᠨ :《ᠮᠢᠨᠦ ᠡᠨᠡ ᠴᠥᠮ ᠴᠢᠩ ᠦᠨᠡᠨᠴᠢ ᠶ᠋ᠢ ᠰᠠᠬᠢᠵᠤ ᠲᠡᠭᠷᠢ ᠡᠴᠢᠭᠡ ᠳ᠋ᠦ᠍ᠷ ᠢᠲᠡᠭᠡᠵᠦᠬᠦᠢ᠂ ᠴᠢ ᠲᠡᠩᠰᠡᠰᠦᠭᠡᠢ ᠬᠡᠮᠡᠪᠡᠰᠦ ᠳᠠᠷᠤᠢ ᠲᠡᠩᠰᠡᠭᠦᠯ ᠢ᠋ᠶ᠋ᠡᠨ ᠪᠡᠯᠡᠳ᠂ ᠪᠢ ᠮᠥᠨ ᠥᠪᠡᠷ ᠦ᠋ᠨ ᠵᠥᠪ ᠪᠣᠯᠬᠤ ᠪᠠᠨ ᠲᠡᠩᠰᠡᠬᠦᠢ ᠳ᠋ᠦ᠍ᠷ ᠰᠠᠢᠨ !》ᠬᠡᠮᠡᠭᠰᠡᠨ ᠳ᠋ᠦ᠍ᠷ᠂ ᠪᠠᠪᠠᠫᠦ᠋ :《ᠲᠡᠢᠮᠦ ᠪᠣᠯᠪᠠᠰᠤ ᠮᠠᠰᠢ ᠰᠠᠢᠨ !》 ᠭᠡᠮᠡᠨ ᠶᠠᠭᠠᠷᠠᠨ ᠬᠡᠩᠭᠡᠷᠭᠡ ᠳᠡᠯᠡᠳᠴᠦ ᠴᠡᠷᠢᠭ ᠦ᠋ᠨ ᠳᠣᠲᠣᠷ᠎ᠠ ᠠ᠋ᠴᠠ ᠨᠢᠭᠡᠨ ᠵᠠᠭᠤᠨ ᠴᠡᠷᠢᠭ ᠨᠢᠭᠡᠨ ᠶᠡᠬᠡ ᠬᠥᠬᠡᠪᠲᠦᠷ ᠥᠩᠭᠡᠲᠦ ᠦᠬᠡᠷ ᠴᠢᠯᠠᠭᠤ ᠶ᠋ᠢ ᠲᠦᠯᠬᠢᠨ ᠭᠠᠷᠭᠠᠵᠤ ᠵᠠᠭᠤᠨ ᠨᠤᠮᠤ ᠶ᠋ᠢᠨ ᠦᠵᠦᠭᠦᠷ ᠲᠠᠯᠪᠢᠵᠤ ᠢᠷᠣᠭᠠᠷ ᠠᠨᠤ ᠲᠠᠪᠤᠨ ᠥᠩᠭᠡ ᠶ᠋ᠢᠨ ᠪᠢᠴᠢᠬᠠᠨ ᠬᠢᠭᠢᠷᠢ ᠬᠠᠳᠬᠤᠪᠠ᠃ ᠪᠠᠪᠠᠫᠦ᠋ ᠥᠭᠦᠯᠡᠷᠦᠨ :《ᠪᠧᠲ᠋ᠠ᠋ ᠤᠯᠤᠰ ᠤ᠋ᠨ ᠡᠵᠡᠨ ᠵᠠᠭᠤᠨ ᠨᠤᠮᠤ ᠶ᠋ᠢᠨ ᠦᠵᠦᠭᠦᠷ ᠡᠴᠡ ᠭᠤᠷᠪᠠᠨ ᠰᠤᠮᠤ ᠬᠠᠷᠪᠤᠨ ᠬᠡᠯᠲᠡᠯᠦᠨ ᠴᠢᠳᠠᠪᠠᠰᠤ᠂ ᠯᠠᠪ ᠣᠳᠣ ᠲᠡᠭᠷᠢ ᠶ᠋ᠢᠨ ᠬᠥᠪᠡᠭᠦᠨ ᠮᠠᠭᠠᠳ ᠮᠥᠨ᠂ ᠪᠢ ᠶᠠᠮᠪᠠᠷ ᠠᠶᠤᠮᠰᠢᠭ᠋ ᠦᠭᠡᠢ ᠲᠡᠭᠷᠢ ᠶ᠋ᠢ ᠦᠯᠦ ᠳᠠᠭᠠᠮᠤᠢ! 》ᠬᠡᠮᠡᠭᠰᠡᠨ ᠳ᠋ᠦ᠍ᠷ ᠲᠠᠢᠽᠦ ᠶᠡᠬᠡ ᠳᠠᠭᠤᠨ ᠢ᠋ᠶ᠋ᠠᠷ ᠥᠭᠦᠯᠡᠷᠦᠨ :《ᠪᠢ ᠴᠦ᠍ ᠮᠥᠨ ᠲᠡᠭᠷᠢ ᠡᠴᠢᠭᠡ ᠳ᠋ᠦ᠍ᠷ ᠢ᠋ᠶ᠋ᠡᠨ ᠢᠲᠡᠭᠡᠵᠦ ᠬᠠᠷᠪᠤᠬᠤ ᠪᠣᠢ᠂ ᠲᠡᠭᠦᠨ ᠦ᠌ ᠬᠡᠮᠬᠡᠷᠡᠬᠦ ᠦᠭᠡᠢ ᠡᠴᠡ ᠶᠠᠭᠤᠨ ᠳ᠋ᠤᠷ ᠠᠶᠤᠮᠤᠢ! 》  ᠭᠡᠮᠡᠨ ᠬᠥᠭᠵᠢᠮ ᠡᠭᠦᠰᠬᠡᠨ ᠬᠠᠭᠠᠯᠭ᠎ᠠ ᠶ᠋ᠢ ᠨᠡᠭᠡᠭᠡᠵᠦ᠂ ᠡᠷᠳᠡᠨᠢ ᠶ᠋ᠢᠨ ᠰᠠᠭᠠᠳᠠᠭ ᠠ᠋ᠴᠠ ᠰᠠᠬᠢᠭᠤᠯᠰᠤᠨ ᠨᠤᠮᠤ ᠬᠤᠪᠢᠯᠭᠠᠨ ᠰᠤᠮᠤ ᠪᠠᠨ ᠠᠪᠴᠤ ᠮᠣᠷᠢ ᠪᠠᠨ ᠲᠡᠩᠬᠡᠷᠡᠭᠦᠯᠦᠨ ᠵᠡᠭᠦᠨ ᠭᠠᠷ ᠢ᠋ᠶ᠋ᠠᠷ ᠲᠡᠮᠦᠷ ᠨᠤᠮᠤ ᠶ᠋ᠢ ᠲᠦᠯᠬᠢᠵᠦ᠂ ᠪᠠᠷᠠᠭᠤᠨ ᠭᠠᠷ ᠢ᠋ᠶ᠋ᠠᠷ ᠰᠣᠳᠣ ᠣᠨᠢ ᠪᠠᠨ ᠲᠡᠳᠡᠨ ᠥᠨᠳᠥᠷ ᠳᠠᠭᠤᠨ ᠢ᠋ᠶ᠋ᠠᠷ :《ᠲᠡᠭᠷᠢ ᠡᠴᠢᠭᠡ ᠮᠡᠳᠡᠲᠦᠭᠡᠢ! 》ᠭᠡᠮᠡᠨ ᠨᠢᠭᠡᠨᠲᠡ ᠬᠠᠷᠪᠤᠭᠰᠠᠨ ᠳ᠋ᠤᠷ ᠲᠠᠢᠽᠦ ᠶ᠋ᠢᠨ ᠰᠤᠮᠤᠨ ᠯᠤᠭ᠎ᠠ ᠦᠷᠭᠦᠯᠵᠢᠯᠡᠨ ᠰᠤᠮᠤ ᠠ᠋ᠴᠠ ᠭᠠᠯ ᠭᠢᠯᠪᠠᠰᠤᠨ ᠭᠠᠷᠴᠤ ᠲᠡᠨᠳᠡ ᠬᠦᠷᠦᠭᠡᠳ ᠴᠢᠯᠠᠭᠤᠨ ᠳ᠋ᠤᠷ ᠳᠤᠰᠤᠮᠠᠭᠴᠠ ᠠᠶᠤᠩᠭ᠎ᠠ ᠳᠠᠭᠤᠷᠢᠰᠴᠤ ᠭᠠᠯ ᠪᠠᠳᠠᠷᠠᠭᠠᠳ ᠴᠢᠯᠠᠭᠤ ᠬᠡᠮᠬᠡᠷᠡᠪᠡ᠃ ᠲᠡᠷᠡ ᠭᠠᠯ ᠳ᠋ᠤᠷ ᠭᠠᠷᠤᠭᠰᠠᠨ ᠬᠤᠩᠰᠢᠭᠤᠨ ᠦᠨᠦᠷᠲᠦ ᠬᠥᠬᠡ ᠤᠲᠤᠭ᠎ᠠ ᠴᠡᠷᠢᠭ ᠦ᠋ᠨ ᠲᠠᠯᠠᠪᠤᠷ ᠲᠤᠷ ᠲᠤᠨᠤᠷᠠᠪᠠᠢ᠃ ᠡᠭᠦᠨ ᠳ᠋ᠦ᠍ ᠬᠣᠶᠠᠷ ᠡᠲᠡᠭᠡᠳ ᠵᠠᠭᠤᠨ ᠵᠦᠢᠯ ᠦ᠋ᠨ ᠬᠥᠭᠵᠢᠮ ᠡᠭᠦᠰᠬᠡᠵᠦ ᠭᠠᠢᠬᠠᠨ ᠬᠠᠰᠬᠢᠷᠤᠯᠳᠤᠬᠤ ᠳᠠᠭᠤᠨ ᠠᠶᠤᠩᠭ᠎ᠠ ᠯᠤᠭ᠎ᠠ ᠵᠠᠯᠭᠠᠯᠳᠤᠵᠤ᠂ ᠬᠣᠲᠣᠩ ᠤ᠋ᠳ ᠤ᠋ᠨ ᠡᠵᠡᠨ ᠪᠠᠪᠠᠫᠦ᠋ ᠨᠢᠳᠦᠨ ᠡᠴᠡ ᠨᠢᠯᠪᠤᠰᠤᠨ ᠴᠤᠪᠤᠷᠢᠭᠤᠯᠵᠤ ᠡᠪᠦᠳᠦᠭ ᠢ᠋ᠶ᠋ᠡᠷ ᠮᠥᠯᠬᠥᠨ ᠢᠷᠡᠵᠦ ᠮᠥᠷᠭᠥᠵᠦ᠂ ᠮᠡᠳᠡᠭᠦᠯᠦᠷᠦᠨ : 
                ᠬᠣᠲᠣᠩ ᠤ᠋ᠨ ᠡᠵᠡᠨ ᠪᠠᠪᠠᠫᠦ᠋ ᠪᠢ 
                ᠬᠣᠣᠰ ᠥᠭᠡᠷ᠎ᠡ ᠲᠡᠭᠷᠢ ᠶ᠋ᠢᠨ ᠬᠥᠪᠡᠭᠦᠨ ᠢ᠋ ᠮᠡᠳᠡᠪᠡ᠂ 
                ᠬᠤᠪᠠᠬᠠᠢ ᠴᠢᠯᠠᠭᠤ ᠠᠨᠤ ᠴᠢᠯᠠᠭᠤ ᠪᠤᠰᠤ ᠰᠢᠷᠠᠮᠤ ᠪᠥᠯᠥᠭᠡ 
                ᠬᠤᠷᠮᠤᠰᠲᠠ ᠠ᠋ᠴᠠ ᠪᠤᠰᠤ ᠬᠡᠨ ᠲᠡᠭᠦᠨ ᠢ᠋ ᠬᠡᠮᠬᠡᠯᠦᠨ ᠴᠢᠳᠠᠬᠤ ? 
ᠭᠡᠮᠡᠨ ᠮᠥᠷᠭᠥᠬᠦᠢ ᠳ᠋ᠦ᠍ᠷ ᠡᠨᠡ ᠦᠶ᠎ᠡ ᠳ᠋ᠦ᠍ᠷ ᠲᠠᠢᠽᠦ ᠶ᠋ᠢᠨ ᠥᠪᠡᠷ ᠦ᠋ᠨ ᠵᠠᠩᠵᠤᠨ ᠴᠡᠷᠢᠭ ᠴᠥᠮ ᠰᠣᠴᠢᠨ ᠭᠠᠢᠬᠠᠵᠤ ᠰᠦᠰᠦᠭᠯᠡᠨ ᠪᠢᠰᠢᠷᠡᠭᠡᠳ ᠨᠢᠳᠦᠨ ᠳ᠋ᠦ᠍ᠷ ᠴᠥᠮ ᠨᠢᠯᠪᠤᠰᠤᠨ ᠬᠤᠷᠠᠪᠠ᠃ 
       ᠲᠡᠳᠦᠢ ᠲᠠᠢᠽᠦ ᠶᠠᠭᠠᠷᠠᠨ ᠮᠣᠷᠢᠨ ᠠ᠋ᠴᠠ ᠪᠠᠭᠤᠵᠤ ᠪᠠᠪᠠᠫᠦ᠋ ᠶ᠋ᠢ ᠲᠦᠰᠢᠭᠦᠯᠦᠨ ᠪᠣᠰᠬᠠᠪᠠ᠃ ᠦᠵᠡᠰᠡ ᠪᠠᠪᠠᠫᠦ᠋ ᠲᠤᠬᠠᠢᠯᠠᠨ ᠲᠡᠩᠰᠡᠬᠦ ᠶ᠋ᠢᠨ ᠲᠤᠯᠠ ᠰᠢᠷᠠᠮᠤ ᠪᠠᠷ ᠡᠨᠡ ᠮᠡᠲᠦ ᠴᠢᠳᠬᠤᠭᠤᠯᠤᠨ ᠪᠡᠯᠡᠳᠬᠡᠭᠰᠡᠨ ᠠᠵᠤᠭᠤ᠃ ᠡᠳᠦᠭᠡ ᠦᠨᠡᠨ ᠦᠭᠡᠰ ᠪᠦᠲᠦᠭᠰᠡᠨ ᠲᠡᠭᠷᠢ ᠶ᠋ᠢᠨ ᠬᠥᠪᠡᠭᠦᠨ ᠴᠢᠩ ᠦᠨᠡᠨ ᠢ᠋ᠶ᠋ᠡᠷ ᠬᠠᠰᠬᠢᠷᠤᠭᠰᠠᠨ ᠳ᠋ᠤᠷ ᠰᠤᠮᠤᠨ ᠳ᠋ᠤᠷ ᠠᠶᠤᠩᠭ᠎ᠠ ᠪᠦᠲᠦᠵᠦ ᠰᠢᠷᠡᠮᠦ ᠴᠥᠮ ᠬᠡᠮᠬᠡᠷᠡᠭᠰᠡᠨ ᠳ᠋ᠦ᠍ᠷ ᠥᠪᠡᠷ ᠪᠤᠰᠤᠳ ᠭᠠᠢᠬᠠᠯᠳᠤᠨ ᠰᠦᠰᠦᠭᠯᠡᠪᠡ᠃ ᠲᠡᠳᠦᠢ ᠬᠣᠶᠠᠷ ᠡᠲᠡᠭᠡᠳ ᠦ᠋ᠨ ᠵᠠᠩᠵᠤᠨ ᠴᠡᠷᠢᠭ ᠤᠷᠤᠭ᠍ᠰᠢ ᠡᠴᠢᠵᠦ ᠦᠵᠡᠪᠡᠰᠦ ᠦᠨᠡᠬᠡᠷ ᠴᠥᠮ ᠰᠢᠷᠡᠮᠦ ᠠᠵᠤᠭᠤ᠃ ᠠᠶᠤᠩᠭ᠎ᠠ ᠳ᠋ᠤᠷ ᠬᠡᠮᠬᠡᠷᠡᠭᠰᠡᠨ ᠢᠨᠦ ᠰᠢᠷᠣᠢ ᠮᠡᠲᠦ ᠪᠣᠯᠤᠭᠰᠠᠨ ᠳ᠋ᠤᠷ ᠮᠤᠬᠤᠯᠢ ᠣᠯᠠᠨ ᠢ᠋ ᠠᠪᠴᠤ ᠲᠠᠢᠽᠦ ᠳ᠋ᠦ᠍ᠷ ᠠᠷᠢᠬᠢ ᠪᠠᠷᠢᠵᠤ ᠡᠢᠨ ᠪᠡᠯᠭᠡᠯᠡᠨ ᠮᠡᠳᠡᠭᠦᠯᠦᠷᠦᠨ : 
                ᠨᠠᠷᠠᠨ ᠰᠠᠷᠠᠨ ᠯᠤᠭ᠎ᠠ ᠰᠠᠴᠠᠭᠤ ᠪᠤᠶᠠᠨᠲᠤ ᠡᠵᠡᠨ ᠮᠢᠨᠦ 
                ᠨᠠᠢᠷᠠᠭᠤᠯᠤᠭᠰᠠᠨ ᠰᠢᠷᠠᠮᠤ ᠶ᠋ᠢ ᠬᠡᠮᠬᠡᠯᠵᠦ ᠬᠣᠲᠣᠩ ᠤᠯᠤᠰ ᠢ᠋ ᠣᠷᠣᠭᠤᠯᠪᠠ 
                ᠨᠠᠪᠴᠢ ᠴᠡᠴᠡᠭ ᠮᠡᠲᠦ ᠰᠠᠢᠳ ᠲᠦᠰᠢᠮᠡᠳ ᠴᠢᠨᠦ ᠪᠢᠳᠡ᠂ 
                ᠨᠠᠢᠳᠠᠯ ᠦᠭᠡᠢ ᠤᠷᠤᠭ᠍ᠰᠢ ᠵᠢᠳᠬᠦᠬᠦᠢ ᠳ᠋ᠦ᠍ᠷ ᠶᠠᠮᠪᠠᠷ ᠪᠡᠷᠬᠡ ! 
ᠭᠡᠮᠡᠨ ᠪᠡᠯᠭᠡᠯᠡᠵᠦ᠂ ᠲᠡᠳᠦᠢ ᠲᠠᠢᠽᠦ ᠶ᠋ᠢᠨ ᠬᠤᠪᠢᠯᠭᠠᠨ ᠰᠤᠮᠤ ᠶ᠋ᠢ ᠠᠪᠴᠤ ᠬᠣᠲᠠ ᠶ᠋ᠢᠨ ᠡᠮᠦᠨ᠎ᠡ ᠬᠠᠳᠬᠤᠵᠤ ᠬᠠᠳᠠᠭᠠᠯᠠᠭᠠᠳ ᠡᠨᠡ ᠬᠡᠮᠬᠡᠷᠡᠭᠰᠡᠨ ᠰᠢᠷᠠᠮᠤ ᠶ᠋ᠢ ᠦᠯᠡᠳᠡᠭᠡᠵᠦ ᠬᠣᠵᠢᠮ ᠤ᠋ᠨ ᠡᠳᠦᠷ ᠦ᠋ᠨ ᠳᠤᠷᠠᠰᠬᠠᠯ ᠬᠣᠴᠣᠷᠤᠯ ᠪᠣᠯᠲᠤᠭᠠᠢ ᠭᠡᠮᠡᠨ ᠥᠪᠡᠷ ᠦ᠋ᠨ ᠴᠡᠷᠢᠭ᠂ ᠬᠣᠲᠣᠩ ᠤ᠋ᠨ ᠴᠡᠷᠢᠭ᠂ ᠬᠣᠶᠠᠷ ᠡᠲᠡᠭᠡᠳ ᠦ᠋ᠨ ᠴᠡᠷᠢᠭ ᠢ᠋ᠶ᠋ᠡᠷ ᠬᠥᠮᠦᠨ ᠪᠦᠷᠢ ᠪᠡᠷ ᠭᠤᠷᠪᠠᠨ ᠰᠠᠭᠤᠯᠠᠭ᠎ᠠ ᠰᠢᠷᠣᠢ ᠨᠡᠮᠡᠭᠦᠯᠦᠭᠰᠡᠨ ᠳ᠋ᠦ᠍ᠷ ᠴᠠᠭ ᠳᠣᠲᠣᠷ᠎ᠠ ᠶᠡᠬᠡ ᠠᠭᠤᠯᠠ ᠪᠣᠯᠵᠤ᠂ ᠲᠠᠢᠽᠦ ᠲᠡᠷᠡ ᠳᠣᠪᠣᠭ ᠲᠤᠷ《ᠲᠡᠮᠦᠷ ᠣᠯᠬᠤ ᠠᠭᠤᠯᠠ  》① ᠭᠡᠮᠡᠨ ᠨᠡᠷ᠎ᠡ ᠬᠠᠢᠷᠠᠯᠠᠪᠠ᠃ 
       ᠲᠡᠳᠦᠢ ᠡᠨᠡ ᠠᠭᠤᠯᠠᠨ ᠠ᠋ᠴᠠ ᠡᠳᠦᠭᠡ ᠴᠢᠯᠠᠭᠤᠨ ᠨᠡᠭᠦᠷᠡᠰᠦ ᠭᠠᠷᠬᠤ ᠮᠡᠲᠦ ᠲᠡᠮᠦᠷ ᠭᠠᠷᠤᠮᠤᠢ᠃ ᠲᠡᠨᠳᠡᠴᠡ ᠬᠣᠲᠣᠩ ᠤ᠋ᠨ ᠡᠵᠡᠨ ᠪᠠᠪᠠᠫᠦ᠋᠂ ᠲᠠᠢᠽᠦ ᠶ᠋ᠢ ᠬᠣᠲᠠᠨ ᠳ᠋ᠤᠷ ᠢ᠋ᠶ᠋ᠠᠨ ᠵᠠᠯᠠᠵᠤ᠂ ᠣᠯᠠᠨ ᠴᠡᠷᠢᠭ ᠲᠦ᠍ᠷ ᠠᠷᠪᠠᠨ ᠬᠤᠪᠢ ᠬᠦᠨᠳᠦ ᠬᠦᠨᠡᠰᠦ ᠥᠭᠴᠦ ᠰᠠᠷ᠎ᠠ ᠰᠢᠬᠠᠮ ᠠᠮᠠᠷᠠᠭᠤᠯᠵᠤ᠂ ᠥᠪᠡᠷ ᠢ᠋ᠶ᠋ᠡᠨ ᠮᠥᠨ ᠲᠠᠪᠤᠨ ᠲᠦᠮᠡᠨ ᠴᠡᠷᠢᠭ ᠠᠪᠴᠤ ᠡᠮᠦᠨ᠎ᠡ ᠤᠳᠤᠷᠢᠳᠬᠤ ᠲᠥᠪᠡᠳ ᠦ᠋ᠨ ᠵᠦᠭ ᠮᠣᠷᠢᠯᠠᠬᠤᠢ ᠳ᠋ᠤᠷ ᠵᠠᠮ ᠵᠠᠭᠤᠷ᠎ᠠ ᠶ᠋ᠢᠨ ᠪᠠᠭ᠎ᠠ ᠤᠯᠤᠰ ᠠᠢᠮᠠᠭ ᠤ᠋ᠨ ᠳᠠᠭᠠᠬᠤ ᠠᠨᠤ ᠮᠣᠳᠣᠨ ᠤ᠋ ᠨᠠᠪᠴᠢ ᠮᠡᠲᠦ᠂ ᠳᠠᠷᠠᠭ᠎ᠠ ᠳᠠᠷᠠᠭ᠎ᠠ ᠳ᠋ᠠᠭᠠᠨ ᠢᠷᠡᠵᠦ᠂ ᠰᠢᠷᠡᠮᠦᠨ ᠪᠥᠮᠪᠥᠭᠡ ᠶ᠋ᠢ ᠬᠡᠮᠬᠡ ᠬᠠᠷᠪᠤᠭᠰᠠᠨ  ᠠᠯᠳᠠᠷ ᠨᠢᠭᠡᠨᠲᠡ ᠪᠠᠷᠠᠭᠤᠨ ᠲᠥᠪᠡᠳ ᠦ᠋ᠨ ᠲᠤᠷᠰᠢᠭᠤᠯ ᠨᠢᠳᠦ ᠪᠡᠷ ᠦᠵᠡᠨ ᠡᠴᠢᠭᠰᠡᠨ ᠲᠤᠯᠠ ᠲᠥᠪᠡᠳ ᠦ᠋ᠨ ᠬᠦᠡᠯᠡᠭ ᠳᠣᠷᠵᠢ ᠬᠠᠭᠠᠨ ᠳ᠋ᠤᠷ ᠡᠴᠢᠵᠦ ᠬᠣᠲᠣᠩ ᠪᠠ ᠲᠠᠩᠭᠤᠳ ᠵᠡᠷᠭᠡ ᠶ᠋ᠢᠨ ᠬᠡᠷᠡᠭ ᠢ᠋ ᠮᠡᠳᠡᠭᠦᠯᠦᠭᠰᠡᠨ ᠳ᠋ᠦ᠍ᠷ ᠭᠦᠡᠯᠡᠭ ᠳᠣᠷᠵᠢ ᠬᠠᠭᠠᠨ ᠣᠯᠠᠨ ᠲᠦᠰᠢᠮᠡᠳ ᠢ᠋ᠶ᠋ᠡᠨ ᠴᠢᠭᠤᠯᠭᠤᠯᠤᠨ᠂ ᠤᠯᠠᠭᠠᠨ ᠦᠨᠳᠦᠰᠦᠨ ᠦ᠌ ᠶᠡᠬᠡ ᠨᠣᠮ ᠤ᠋ᠨ ᠬᠠᠭᠠᠨ ᠳ᠋ᠤᠷ ᠮᠡᠳᠡᠭᠦᠯᠵᠦ᠂ ᠳᠣᠯᠣᠭᠠᠨ ᠡᠳᠦᠷ ᠦ᠋ᠨ   《ᠶᠡᠬᠡ ᠲᠡᠮᠳᠡᠭ ᠪᠦᠲᠦᠭᠡᠯ  》 ᠤᠩᠰᠢᠵᠤ ᠪᠡᠯᠭᠡᠳᠡᠨ ᠦᠵᠡᠪᠡᠰᠦ᠂ ᠤᠮᠠᠷ᠎ᠠ ᠵᠡᠭᠦᠨ ᠦ᠌ ᠪᠧᠲ᠋ᠠ᠋ ᠤᠯᠤᠰ ᠤ᠋ᠨ ᠡᠵᠡᠨ ᠬᠡᠮᠡᠭᠴᠢ ᠬᠦᠴᠦᠨ ᠬᠦᠷᠳᠦᠨ ᠢ᠋ ᠣᠷᠴᠢᠭᠤᠯᠤᠭᠰᠠᠨ ᠬᠠᠭᠠᠨ ᠮᠥᠨ᠂ ᠡᠰᠡ ᠳᠠᠭᠠᠪᠠᠰᠤ ᠦᠯᠦ ᠪᠣᠯᠬᠤ ᠬᠡᠮᠡᠬᠦ ᠰᠣᠶᠣᠷᠬᠠᠯ ᠢ᠋ ᠣᠯᠵᠤ᠂ ᠳᠠᠷᠤᠢ ᠭᠤᠷᠪᠠᠨ ᠵᠠᠭᠤᠨ ᠬᠥᠮᠦᠨ ᠢ᠋ᠶ᠋ᠡᠷ ᠭᠤᠷᠪᠠᠨ ᠮᠢᠩᠭᠠᠨ ᠨᠠᠷᠢᠨ ᠵᠥᠭᠡᠯᠡᠨ ᠠᠴᠢᠶ᠎ᠠ ᠠᠯᠲᠠᠨ ᠮᠥᠩᠭᠥᠨ ᠰᠤᠪᠤᠳ ᠣᠭ᠌ᠶᠤ ᠲᠣᠷᠭ᠎ᠠ ᠲᠦᠷᠭᠡ ᠴᠠᠮ᠎ᠠ ᠲᠡᠷᠮ᠎ᠡ ᠶ᠋ᠢᠨ ᠵᠦᠢᠯ ᠢ᠋ ᠲᠦᠮᠡᠨ ᠦ᠌ ᠨᠣᠶᠠᠨ ᠵᠢᠯᠣᠭᠣ ᠨᠡᠷᠡᠲᠦ ᠲᠦᠰᠢᠮᠡᠯ ᠢ᠋  ᠵᠠᠷᠤᠵᠤ᠂ ᠲᠥᠪᠡᠳ ᠦ᠋ᠨ ᠵᠠᠬ᠎ᠠ ᠠᠪᠴᠢᠷᠠᠨ ᠴᠠᠢᠳᠠᠮ ᠬᠡᠮᠡᠬᠦ ᠭᠠᠵᠠᠷ᠎ᠠ ᠤᠭᠲᠤᠨ ᠢᠷᠡᠵᠦ ᠲᠡᠷᠢᠭᠦᠨ ᠪᠡᠯᠡᠭ ᠪᠠᠷᠢᠭᠤᠯᠤᠨ ᠳᠠᠭᠠᠬᠤ ᠤᠴᠢᠷ ᠢ᠋ᠶ᠋ᠠᠨ ᠮᠡᠳᠡᠭᠦᠯᠵᠦ᠂ ᠳᠠᠭᠠᠯᠳᠤᠭ᠎ᠠ ᠥᠪᠡᠷ ᠦ᠋ᠨ ᠪᠡᠶ᠎ᠡ ᠲᠦᠮᠡᠨ ᠠᠴᠢᠶ᠎ᠠ ᠴᠡᠷᠢᠭ ᠦ᠋ᠨ ᠬᠦᠨᠡᠰᠦ ᠬᠦᠷᠭᠡᠵᠦ ᠢᠷᠡᠨ ᠲᠠᠢᠽᠦ ᠳ᠋ᠦ᠍ᠷ ᠵᠣᠯᠭᠠᠵᠤ᠂ ᠲᠦᠰᠢᠮᠡᠯ ᠦ᠋ᠨ ᠶᠣᠰᠣᠭᠠᠷ ᠮᠥᠷᠭᠥᠨ ᠵᠣᠯᠭᠠᠪᠠ᠃

– – – –  
①  ᠡᠨᠡ ᠠᠭᠤᠯᠠ ᠶ᠋ᠢ ᠵᠠᠷᠢᠮ ᠥᠴᠦᠬᠡᠨ ᠰᠤᠳᠤᠷ ᠲᠤᠷ ᠬᠠᠷᠢᠨ ᠲᠠᠩᠭᠤᠳ ᠰᠢᠳᠤᠷᠭᠤ ᠬᠠᠭᠠᠨ ᠤ᠋ ᠡᠮ᠎ᠡ ᠭᠦᠷᠪᠡᠯᠵᠢᠨ ᠭᠤᠸ᠎ᠠ ᠶ᠋ᠢᠨ ᠨᠤᠮᠤ ᠰᠤᠮᠤ ᠬᠤᠭᠤᠯᠵᠤ ᠬᠢᠭᠰᠡᠨ ᠭᠠᠵᠠᠷ ᠭᠡᠮᠡᠨ ᠮᠠᠰᠢ ᠶᠡᠬᠡᠳᠡ ᠵᠥᠷᠢᠴᠡᠭᠰᠡᠨ ᠭᠠᠵᠠᠷ ᠪᠣᠢ ᠂ ᠡᠳᠡᠭᠡᠷ ᠴᠥᠮ ᠴᠥᠯᠪᠡᠭᠰᠡᠨ ᠠᠷᠠᠳ ᠤ᠋ᠨ ᠠᠯᠳᠠᠰᠢ᠃ 
       ᠲᠡᠳᠦᠢ ᠲᠡᠳᠡᠨ ᠶᠡᠬᠡ ᠬᠣᠲᠠᠨ ᠳ᠋ᠤᠷ ᠵᠠᠯᠠᠵᠤ᠂ ᠬᠤᠷᠢᠮ ᠪᠠᠷᠢᠨ ᠴᠡᠷᠢᠭ ᠲᠦ᠍ᠷ ᠱᠠᠩᠨᠠᠬᠤᠢ ᠳ᠋ᠤᠷ ᠮᠤᠬᠤᠯᠢ ᠤᠷᠢᠳᠠ ᠬᠣᠲᠠᠨ ᠳ᠋ᠤᠷ ᠣᠷᠣᠵᠤ ᠢᠯᠡ ᠳᠠᠯᠳᠠ ᠶ᠋ᠢ ᠬᠢᠨᠠᠨ ᠪᠠᠢᠴᠠᠭᠠᠵᠤ᠂ ᠰᠠᠶᠢ ᠡᠵᠡᠨ ᠢ᠋ ᠬᠣᠲᠠᠨ ᠳ᠋ᠤᠷ ᠵᠠᠯᠠᠵᠤ ᠣᠷᠣᠭᠤᠯᠪᠠ᠃ ᠡᠭᠦᠨ ᠳ᠋ᠦ᠍ᠷ ᠲᠠᠢᠽᠦ᠂ ᠭᠦᠨᠯᠡᠭ ᠳᠣᠷᠵᠢ ᠠ᠋ᠴᠠ ᠠᠰᠠᠭᠤᠷᠤᠨ :《ᠲᠠᠨ ᠤ᠋ ᠭᠠᠵᠠᠷ ᠪᠠ ᠤᠯᠤᠰ ᠢ᠋ ᠦᠵᠡᠪᠡᠰᠦ ᠪᠠᠷᠠᠭᠤᠨ ᠬᠣᠢᠲᠤ ᠮᠠᠭ᠌ᠷᠢ ᠲᠥᠪᠡᠳ ᠪᠣᠢ᠂ ᠪᠠᠷᠠᠭᠤᠨ ᠳ᠋ᠤᠷ ᠪᠠᠯᠪᠤ ᠤᠯᠤᠰ ᠤ᠋ᠨ ᠬᠣᠷᠰᠢᠶ᠎ᠠ ᠪᠣᠢ᠂ ᠲᠠᠨ ᠤ᠋ ᠬᠣᠪᠢᠨ ᠤ᠋ ᠴᠡᠷᠢᠭ ᠮᠥᠨ ᠶᠡᠬᠡ ᠮᠣᠵᠢ ᠪᠠᠷ ᠭᠤᠷᠪᠠᠨ ᠮᠣᠵᠢ ᠪᠣᠢ᠂ ᠨᠡᠷᠡᠲᠦ ᠬᠤᠶᠠᠭ ᠴᠡᠷᠢᠭ ᠨᠠᠶᠠᠨ ᠨᠠᠢ᠍ᠮᠠᠨ ᠲᠦᠮᠡᠨ ᠪᠠᠢᠬᠤ ᠪᠥᠭᠡᠳ ᠮᠢᠨᠦ ᠢᠷᠡᠬᠦ ᠶ᠋ᠢ ᠰᠣᠨᠣᠰᠴᠤ ᠵᠠᠮ ᠳ᠋ᠤᠷ ᠲᠣᠰᠴᠤ ᠳᠠᠭᠠᠬᠤ ᠠᠨᠤ ᠶᠠᠭᠤᠨ ᠪᠣᠢ? ᠲᠠ ᠪᠠᠰᠠ ᠤᠷᠢᠳᠤ ᠡᠳᠦᠷ ᠨᠠᠳᠠ ᠯᠤᠬ᠎ᠠ ᠪᠠᠢᠯᠳᠤᠨ ᠳᠠᠢᠯᠠᠯᠳᠤᠵᠤ ᠮᠢᠨᠦ ᠴᠡᠷᠢᠭ ᠦ᠋ᠨ ᠬᠡᠴᠡᠭᠦᠦ ᠶ᠋ᠢ ᠮᠡᠳᠡᠭᠰᠡᠨ ᠭᠠᠵᠠᠷ ᠦᠭᠡᠢ ᠪᠥᠭᠡᠲᠡᠯ᠎ᠡ ᠡᠨᠡ ᠮᠡᠲᠦ ᠳᠤᠷᠠᠲᠠᠶ᠎ᠠ ᠳᠠᠭᠠᠭᠰᠠᠨ ᠠᠨᠤ ᠶᠠᠭᠤᠨ ᠪᠣᠢ?》 ᠬᠡᠮᠡᠭᠰᠡᠨ ᠳ᠋ᠦ᠍ᠷ ᠭᠦᠨᠯᠡᠭ ᠳᠣᠷᠵᠢ ᠬᠠᠭᠠᠨ ᠦᠨᠡᠨ ᠢ᠋ᠶ᠋ᠡᠨ ᠮᠡᠳᠡᠭᠦᠯᠦᠷᠦᠨ :《ᠮᠠᠨ ᠤ᠋ ᠡᠨᠡ ᠭᠠᠵᠠᠷ᠎ᠠ ᠱᠠᠭᠢᠮᠤᠨᠢ ᠪᠤᠷᠬᠠᠨ ᠤ᠋ ᠵᠢᠷᠭᠤᠭᠠᠨ ᠵᠦᠢᠯ ᠦ᠋ᠨ ᠭᠡᠲᠦᠯᠭᠡᠬᠦ ᠰᠤᠷᠭᠠᠯ ᠪᠦᠷᠢᠨ᠎ᠡ ᠪᠣᠢ᠂ ᠲᠣᠪᠴᠢᠯᠠᠪᠠᠰᠤ ᠭᠤᠷᠪᠠᠨ ᠰᠠᠨᠸᠠᠷ ᠪᠣᠢ᠃ ᠡᠨᠡ ᠭᠤᠷᠪᠠᠨ ᠰᠠᠨᠸᠠᠷ ᠢ᠋ <ᠨᠢᠮᠭᠡᠨ᠂ ᠰᠠᠽᠡᠸ᠎ᠡ᠂ ᠭᠠᠷᠠᠮ > ᠬᠡᠮᠡᠮᠦᠢ᠂ ᠡᠢᠮᠦ ᠭᠤᠷᠪᠠᠨ ᠰᠤᠷᠭᠠᠯ ᠪᠣᠢ᠂ ᠮᠥᠨ ᠭᠤᠷᠪᠠᠨ ᠢ᠋ ᠪᠦᠷᠢᠳᠬᠡᠨ ᠰᠤᠷᠴᠤ ᠠᠮᠢᠳᠠᠨ᠎ᠠ ᠬᠣᠣᠷᠲᠠᠢ ᠶ᠋ᠢ ᠲᠡᠪᠴᠢᠭᠴᠢ ᠨᠢᠭᠡᠨ ᠬᠤᠸᠠᠷᠠᠭ ᠪᠣᠢ᠂ ᠨᠡᠷ᠎ᠡ ᠢᠨᠦ ᠯᠤᠸᠠᠽᠠᠸ᠎ᠠ ᠠᠨᠠᠨᠳᠠ ᠺᠡᠷᠪᠢ ᠬᠡᠮᠡᠬᠦ ᠪᠯᠠᠮ᠎ᠠ ᠪᠣᠢ᠂ ᠲᠡᠷᠡ ᠬᠠᠳᠠᠨ ᠠᠭᠤᠢ ᠳ᠋ᠤᠷ ᠰᠠᠭᠤᠵᠤ ᠬᠠᠲᠠᠭᠤᠵᠢᠯ ᠢ᠋ ᠬᠢᠵᠦ᠂ ᠬᠡᠳᠦᠨ ᠵᠠᠭᠤᠨ ᠣᠨ ᠪᠣᠯᠵᠤᠬᠤᠢ᠂ ᠲᠡᠷᠡ ᠪᠯᠡᠮ᠎ᠠ ᠨᠢᠭᠡᠨᠲᠡ ᠪᠢ ᠭᠡᠮᠡᠨ ᠪᠠᠷᠢᠮᠲᠠᠯᠠᠯ ᠢ᠋ ᠲᠡᠪᠴᠢᠵᠦ᠂ ᠬᠥᠮᠦᠨ ᠦ᠌ ᠲᠥᠷᠥᠯ ᠦ᠋ᠨ ᠦᠬᠦᠯ ᠶᠡᠭᠦᠳᠬᠡᠯ ᠡᠴᠡ ᠨᠢᠭᠡᠨᠲᠡ ᠭᠡᠲᠦᠯᠦᠭᠰᠡᠨ ᠬᠥᠮᠦᠨ᠃ ᠲᠡᠢᠨ ᠬᠦ᠌ ᠪᠢᠳᠡ ᠤᠯᠤᠰ ᠤ᠋ᠨ ᠬᠣᠲᠠᠯᠠᠭᠠᠷ ᠲᠡᠭᠦᠨ ᠢ᠋ ᠪᠢᠰᠢᠷᠡᠨ ᠰᠢᠲᠦᠵᠦ ᠴᠢᠬᠤᠯᠠ ᠬᠡᠷᠡᠭ ᠢ᠋ ᠴᠥᠮ ᠲᠡᠭᠦᠨ ᠡᠴᠡ ᠠᠪᠤᠷᠠᠯ ᠵᠠᠬᠢᠶ᠎ᠠ ᠡᠷᠢᠵᠦ ᠣᠯᠠᠨ ᠤ᠋ ᠵᠣᠪᠠᠯᠠᠩ ᠵᠢᠷᠭᠠᠯᠠᠩ ᠢ᠋ ᠲᠣᠭᠲᠠᠭᠠᠳᠠᠭ ᠪᠥᠯᠥᠭᠡ᠃ ᠡᠨᠡ ᠤᠳᠠᠭ᠎ᠠ ᠡᠷᠭᠢᠨ ᠬᠦᠴᠦᠨ ᠬᠦᠷᠳᠦᠲᠦ ᠬᠠᠭᠠᠨ ᠴᠢᠮᠠᠶ᠋ᠢ ᠡᠭᠦᠨ ᠢ᠋ᠶ᠋ᠡᠷ ᠳᠠᠭᠠᠷᠢᠨ ᠡᠨᠡᠳᠬᠡᠭ ᠦ᠋ᠨ ᠸᠴᠢᠷ ᠣᠷᠣᠨ᠎ᠠ ᠮᠣᠷᠢᠯᠠᠮᠤᠢ ᠬᠡᠮᠡᠬᠦᠢ ᠳ᠋ᠦ᠍ᠷ ᠲᠡᠷᠡ ᠪᠠᠯᠮ᠎ᠠ ᠳ᠋ᠤᠷ ᠠ᠋ᠴᠠ ᠪᠠᠨ ᠲᠤᠯᠬᠤ ᠪᠠ ᠵᠠᠯᠠᠬᠤ᠂ ᠡᠪᠳᠡᠷᠡᠬᠦ ᠶ᠋ᠢᠨ ᠠᠪᠤᠷᠠᠯ ᠡᠷᠢᠵᠦ᠂ ᠳᠣᠯᠣᠭᠠᠨ ᠡᠳᠦᠷ ᠦ᠋ᠨ ᠭᠤᠷᠪᠠᠨ ᠰᠤᠷᠭᠠᠯ ᠤ᠋ᠨ ᠬᠤᠸᠠᠷᠠᠭ ᠨᠠᠷ ᠪᠡᠯᠭᠡ ᠪᠦᠲᠦᠭᠡᠯ ᠪᠦᠲᠦᠭᠡᠵᠦ ᠣᠯᠤᠭᠰᠠᠨ ᠵᠠᠷᠯᠢᠭ ᠠᠨᠤ : ᠡᠵᠡᠨ ᠴᠢ ᠬᠡᠮᠡᠭᠴᠢ ᠶᠢᠷᠲᠢᠨᠴᠦ ᠶ᠋ᠢᠨ ᠬᠦᠴᠦᠨ ᠬᠦᠷᠳᠦᠨ ᠢ᠋ ᠣᠷᠴᠢᠭᠤᠯᠤᠭᠴᠢ ᠬᠠᠭᠠᠨ ᠮᠠᠭᠠᠳ ᠮᠥᠨ᠂ ᠨᠡᠷ᠎ᠡ ᠴᠣᠯᠠ ᠶ᠋ᠢ ᠰᠣᠨᠣᠰᠤᠭᠴᠢ ᠭᠠᠵᠠᠷ ᠡᠷᠬᠡᠪᠰᠢ ᠲᠡᠭᠦᠨ ᠦ᠌ ᠡᠷᠬᠡ ᠳ᠋ᠦ᠍ᠷ ᠬᠤᠷᠢᠶᠠᠭᠳᠠᠵᠤ᠂ ᠲᠡᠭᠦᠨ ᠳ᠋ᠦ᠍ᠷ ᠠᠯᠪᠠ ᠪᠠᠷᠢᠬᠤ ᠬᠡᠷᠡᠭᠲᠡᠢ᠃ ᠲᠡᠢᠨ ᠡᠰᠡ ᠪᠣᠯᠪᠠᠰᠤ ᠵᠣᠪᠠᠯᠠᠩ ᠭᠠᠰᠠᠯᠠᠩ ᠪᠣᠯᠵᠤ ᠡᠴᠦᠰ ᠲᠦ᠍ᠷ ᠳᠣᠭ᠍ᠰᠢᠨ ᠢ᠋ᠶ᠋ᠠᠷ ᠲᠠᠢᠯᠬᠠᠲᠠᠨ ᠬᠤᠷᠢᠶᠠᠭᠳᠠᠮᠤᠢ ᠬᠡᠮᠡᠮᠦᠢ᠃ ᠲᠡᠢᠨ ᠬᠦ᠌ ᠪᠢᠳᠡ ᠤᠭ ᠰᠡᠳᠬᠢᠯ ᠦ᠋ᠨ ᠡᠭᠦᠳᠡᠨ ᠡᠴᠡ ᠪᠢᠰᠢᠷᠡᠨ ᠳᠠᠭᠠᠭᠰᠠᠨ ᠪᠥᠯᠥᠭᠡ! 》ᠬᠡᠮᠡᠭᠰᠡᠨ ᠳ᠋ᠦ᠍ᠷ ᠲᠠᠢᠽᠦ᠂ ᠮᠤᠬᠤᠯᠢ ᠨᠠᠷ ᠰᠠᠶᠢ ᠲᠡᠳᠡᠨ ᠦ᠌ ᠦᠨᠡᠨ ᠰᠠᠨᠠᠭᠠᠨ ᠢ᠋ ᠮᠡᠳᠡᠵᠦ᠂ ᠲᠡᠳᠦᠢ ᠲᠥᠪᠡᠳ ᠲᠣᠷ ᠵᠤᠰᠠᠵᠤ᠂ ᠮᠤᠬᠤᠯᠢ ᠪᠠᠯᠪᠤ ᠳ᠋ᠤᠷ ᠡᠯᠴᠢ ᠢᠯᠡᠭᠡᠭᠰᠡᠨ ᠳ᠋ᠦ᠍ᠷ ᠪᠠᠯᠪᠤ ᠶ᠋ᠢᠨ ᠬᠠᠭᠠᠨ ᠸᠠᠷᠨᠠᠰᠢ ᠬᠠᠷᠢᠨ ᠮᠢᠩᠭᠠᠨ ᠲᠡᠮᠡᠭᠡᠨ ᠠᠴᠢᠶ᠎ᠠ ᠪᠡᠯᠡᠭ ᠪᠠᠷᠢᠭᠤᠯᠵᠤ ᠳᠠᠭᠠᠵᠤ᠂ ᠵᠢᠯ ᠪᠦᠷᠢ ᠠᠯᠪᠠ ᠬᠦᠷᠭᠡᠰᠦᠭᠡᠢ ᠬᠡᠮᠡᠪᠡ᠃ ᠲᠡᠳᠦᠢ ᠲᠠᠢᠽᠦ ᠲᠥᠪᠡᠳ ᠦ᠋ᠨ ᠲᠦᠮᠡᠨ ᠦ᠌ ᠨᠣᠶᠠᠨ ᠵᠢᠯᠣᠭᠣ ᠳ᠋ᠤᠷ ᠬᠦᠨᠳᠦ ᠬᠡᠰᠢᠭ ᠬᠦᠷᠲᠡᠭᠡᠵᠦ᠂ ᠪᠠᠰᠠ ᠶᠢᠰᠦᠨ ᠵᠦᠢᠯ ᠦ᠋ᠨ ᠡᠷᠳᠡᠨᠢ ᠶᠢᠰᠦᠨ ᠠᠴᠢᠶ᠎ᠠ ᠪᠠᠷᠢᠭᠤᠯᠵᠤ᠂ ᠯᠣᠸᠠᠽᠠᠸ᠎ᠠ ᠠᠨᠠᠨᠳᠠ ᠺᠡᠷᠪᠢ ᠪᠯᠡᠮ᠎ᠠ ᠳ᠋ᠤᠷ ᠥᠭᠬᠦ ᠪᠢᠴᠢᠭ ᠪᠡᠯᠩ ᠢ᠋ ᠲᠡᠭᠦᠨ ᠳ᠋ᠦ᠍ᠷ ᠲᠤᠰᠢᠶᠠᠨ ᠢᠯᠡᠭᠡᠬᠦᠶ᠎ᠡ᠂ ᠲᠠᠢᠽᠦ ᠠᠮᠠ ᠪᠠᠷ ᠵᠢᠯᠣᠭᠣ ᠳ᠋ᠤᠷ ᠵᠠᠬᠢᠷᠤᠨ :《ᠴᠢ ᠡᠴᠢᠵᠦ ᠯᠤᠸᠠᠽᠠᠸ᠎ᠠ ᠠᠨᠠᠨᠳᠠ ᠺᠡᠷᠪᠢ ᠪᠯᠡᠮ᠎ᠠ ᠳ᠋ᠤᠷ ᠬᠡᠯᠡ᠂ ᠪᠢ ᠴᠣᠬᠣᠮ ᠳ᠋ᠤᠷ ᠡᠨᠡ ᠶᠡᠬᠡ ᠮᠡᠳᠡᠯᠳᠦ ᠬᠤᠪᠢᠯᠭᠠᠨ ᠬᠥᠮᠦᠨ ᠢ᠋ ᠤᠯᠤᠰ ᠲᠤᠷ ᠢ᠋ᠶ᠋ᠠᠨ ᠵᠠᠯᠠᠵᠤ ᠪᠠᠭ᠍ᠰᠢ ᠶ᠋ᠢᠨ ᠶᠣᠰᠣᠭᠠᠷ ᠬᠦᠨᠳᠦᠯᠡᠪᠡᠰᠦ ᠵᠣᠬᠢᠬᠤ ᠪᠥᠯᠥᠭᠡ᠂ ᠭᠠᠭᠴᠠ ᠮᠢᠨᠦ ᠶᠢᠷᠲᠢᠨᠴᠦ ᠶ᠋ᠢᠨ ᠶᠠᠪᠤᠳᠠᠯ ᠳᠠᠭᠤᠰᠤᠭᠠᠳᠤᠢ᠂ ᠶᠡᠬᠡ ᠤᠯᠤᠰ ᠡᠩᠬᠡᠵᠢᠭᠡᠳᠦᠢ ᠲᠤᠯᠠ ᠳ᠋ᠤᠷ ᠵᠠᠯᠠᠵᠤ ᠴᠢᠳᠠᠬᠤ ᠦᠭᠡᠢ᠂ ᠲᠡᠢᠨ ᠪᠣᠯᠪᠠᠴᠤ ᠬᠤᠪᠢᠯᠭᠠᠨ ᠰᠠᠬᠢᠭᠤᠯᠰᠤᠨ ᠶᠢᠯᠸᠢᠰ ᠱᠠᠰᠢᠨ ᠳ᠋ᠤᠷ ᠬᠣᠯᠠ ᠣᠢᠷ᠎ᠠ ᠶ᠋ᠢᠨ ᠬᠠᠯᠬᠠᠯᠲᠠ ᠦᠭᠡᠢ ᠲᠤᠯᠠ ᠪᠢ ᠬᠣᠯᠠ ᠠ᠋ᠴᠠ ᠴᠢᠮ᠎ᠠ ᠳ᠋ᠤᠷ ᠰᠢᠲᠦᠵᠦ ᠰᠠᠨᠠᠰᠤᠭᠠᠢ᠂ ᠴᠢ ᠴᠦ᠍ ᠨᠠᠮᠠᠶ᠋ᠢ ᠣᠢᠷ᠎ᠠ ᠠᠬᠤ ᠪᠠᠷ ᠰᠠᠬᠢᠵᠤ ᠬᠠᠷᠠᠭᠠᠯᠵᠠᠲᠤᠭᠠᠢ!》ᠭᠡᠮᠡᠨ ᠵᠠᠬᠢᠵᠤ ᠢᠯᠡᠭᠡᠪᠡ᠃ 
       ᠲᠡᠨᠳᠡᠴᠡ ᠲᠡᠢᠨ ᠮᠡᠭᠷᠢ ᠡᠴᠡ ᠭᠤᠷᠪᠠᠨ ᠶᠡᠬᠡ ᠮᠣᠵᠢ᠂ ᠬᠠᠷ᠎ᠠ ᠲᠥᠪᠡᠳ ᠦ᠋ᠨ ᠨᠠᠶᠠᠨ ᠨᠠᠢ᠍ᠮᠠᠨ ᠲᠦᠮᠡᠨ ᠬᠠᠷ᠎ᠠ ᠲᠥᠪᠡᠳ ᠤᠯᠤᠰ ᠢ᠋ ᠳᠠᠭᠠᠭᠤᠯᠵᠤ᠂ ᠡᠭᠦᠨᠴᠡ ᠨᠢᠭᠡᠨ ᠲᠦᠮᠡᠨ ᠲᠦᠭᠦᠬᠡᠢ ᠲᠡᠨᠡᠭ ᠬᠦᠴᠦᠲᠦ ᠴᠡᠷᠢᠭ ᠰᠣᠩᠭᠣᠨ ᠠᠪᠤᠪᠠ᠃ ᠴᠥᠮ ᠡᠮ᠎ᠡ ᠦᠷ᠎ᠡ ᠦᠭᠡᠢ ᠠᠷᠠᠳ ᠠ᠋ᠴᠠ ᠰᠣᠩᠭᠣᠨ ᠠᠪᠤᠭᠰᠠᠨ ᠪᠤᠶᠤ᠃ ᠡᠳᠡᠭᠡᠷ ᠴᠥᠮ ᠮᠤᠬᠤᠯᠢ ᠶ᠋ᠢᠨ ᠰᠠᠨᠠᠭᠠᠨ ᠮᠥᠨ᠃ 
       ᠲᠡᠳᠦᠢ ᠵᠤᠨ ᠤ᠋ ᠬᠠᠯᠠᠭᠤᠨ ᠢ᠋ ᠲᠥᠪᠡᠳ ᠲᠣᠷ ᠵᠤᠰᠠᠵᠤ ᠨᠠᠮᠤᠷ ᠤ᠋ᠨ ᠲᠡᠷᠢᠭᠦᠨ ᠰᠠᠷ᠎ᠠ ᠳ᠋ᠤ᠌ ᠲᠥᠪᠡᠳ ᠡᠴᠡ ᠬᠥᠳᠡᠯᠵᠦ᠂ ᠪᠠᠷᠠᠭᠤᠨ ᠡᠮᠦᠨ᠎ᠡ ᠵᠦᠭ ᠰᠠᠷ᠎ᠠ ᠢᠯᠡᠭᠦᠦ ᠶᠠᠪᠤᠵᠤ ᠡᠨᠡᠳᠬᠡᠭ ᠦ᠋ᠨ ᠵᠠᠬ᠎ᠠ ᠶ᠋ᠢᠨ ᠴᠢᠳᠭ᠋ᠠᠷᠠᠩ ᠤ᠋ᠨ ᠳᠠᠪᠠᠭᠠᠨ ᠣᠷᠣᠢ ᠳ᠋ᠤᠷ ᠪᠠᠭᠤᠳᠠᠯᠯᠠᠵᠤ᠂ ᠵᠢᠴᠢ ᠡᠳᠦᠷ ᠮᠣᠷᠢᠯᠠᠨ ᠴᠢᠳᠭ᠋ᠠᠷᠠᠩ ᠤ᠋ᠨ ᠬᠥᠲᠥᠯ ᠢ᠋ ᠳᠠᠪᠠᠨ ᠡᠴᠢᠰᠦᠭᠡᠢ ᠭᠡᠲᠡᠯ᠎ᠡ ᠪᠠᠷᠠᠭᠤᠨ ᠡᠮᠦᠨ᠎ᠡ ᠡᠴᠡ ᠨᠢᠭᠡᠨ ᠵᠤᠷᠪᠤᠰ ᠠᠯᠲᠠᠨ ᠤ᠋ ᠭᠡᠷᠡᠯ ᠳ᠋ᠦ᠍ᠷ ᠣᠳᠣᠨ ᠬᠠᠷᠪᠤᠭᠰᠠᠨ ᠮᠡᠲᠦ ᠭᠡᠷᠡᠯ ᠭᠠᠷᠤᠭᠠᠳ ᠣᠯᠠᠨ ᠬᠥᠮᠦᠨ ᠦᠵᠡᠬᠦᠯ᠎ᠡ ᠬᠠᠷᠢᠨ ᠨᠢᠭᠡᠨ ᠠᠯᠲᠠᠨ ᠦᠰᠦᠲᠦ ᠭᠥᠷᠥᠭᠡᠰᠦ ᠣᠷᠣᠢ ᠳ᠋ᠠᠭᠠᠨ ᠭᠠᠭᠴᠠ ᠡᠪᠡᠷᠲᠦ《ᠰᠧᠷᠦ ᠭᠥᠷᠥᠭᠡᠰᠦ 》ᠨᠢᠰᠬᠦ ᠮᠡᠲᠦ ᠳᠣᠪᠲᠣᠯᠤᠨ ᠢᠷᠡᠵᠦ᠂ ᠲᠠᠢᠽᠦ ᠶ᠋ᠢᠨ ᠮᠣᠷᠢᠨ ᠤ᠋ ᠡᠮᠦᠨ᠎ᠡ ᠬᠣᠶᠠᠷ ᠬᠥᠯ ᠢ᠋ᠶ᠋ᠡᠨ ᠨᠤᠭᠤᠯᠤᠨ ᠰᠥᠭᠥᠳᠴᠦ ᠲᠣᠯᠣᠭᠠᠢ ᠪᠠᠷ ᠭᠠᠵᠠᠷ ᠲᠤᠷ ᠭᠤᠷᠪᠠᠨᠲᠠ ᠭᠤᠳᠤᠢᠵᠤ ᠮᠥᠷᠭᠥᠬᠦ ᠮᠡᠲᠦ ᠳ᠋ᠦ᠍ᠷ ᠲᠠᠢᠽᠦ ᠲᠡᠷᠢᠭᠦᠯᠡᠨ ᠪᠦᠭᠦᠳᠡᠭᠡᠷ ᠦᠵᠡᠭᠡᠳ ᠶᠡᠬᠡᠯ᠎ᠡ ᠭᠠᠢᠬᠠᠯᠳᠤᠪᠠᠢ᠃ ᠲᠡᠷᠡ ᠭᠥᠷᠦᠭᠡᠰᠦᠨ ᠦ᠌ ᠦᠰᠦ ᠪᠦᠷᠢ ᠶ᠋ᠢᠨ ᠦᠵᠦᠭᠦᠷ ᠡᠴᠡ ᠠᠯᠲᠠᠨ ᠤ᠋ ᠭᠡᠷᠡᠯ ᠰᠠᠴᠤᠷᠠᠨ ᠭᠠᠷᠤᠮᠤᠢ᠃ ᠣᠯᠠᠨ ᠵᠠᠩᠵᠤᠨ ᠨᠠᠷ ᠪᠦᠭᠦᠳᠡᠭᠡᠷ ᠢᠨᠢᠶᠡᠯᠴᠡᠨ ᠭᠠᠢᠬᠠᠯᠳᠤᠬᠤᠢ ᠳ᠋ᠤᠷ ᠭᠠᠭᠴᠠ ᠮᠤᠬᠤᠯᠢ ᠶᠡᠬᠡᠯ᠎ᠡ ᠠᠭᠤᠷᠯᠠᠵᠤ ᠵᠠᠩᠳᠠᠨ ᠥᠭᠦᠯᠡᠷᠦᠨ :《ᠮᠠᠨ ᠤ᠋ ᠲᠡᠭᠷᠢ ᠡᠵᠡᠨ ᠳᠡᠯᠡᠬᠡᠢ ᠶ᠋ᠢ ᠡᠩᠬᠡᠵᠢᠭᠦᠯᠦᠨ ᠶᠠᠪᠤᠬᠤᠢ ᠳ᠋ᠤᠷ ᠡᠨᠡ ᠮᠡᠲᠦ ᠥᠴᠦᠬᠡᠨ ᠵᠢᠭᠲᠡᠢ ᠠᠳᠤᠭᠤᠰᠤ ᠠᠶᠤᠮᠰᠢᠭ᠋ ᠦᠭᠡᠢ ᠲᠡᠭᠷᠢ ᠶ᠋ᠢᠨ ᠵᠠᠮ ᠢ᠋ ᠬᠠᠯᠬᠠᠯᠠᠮᠤᠢ ?》ᠭᠡᠮᠡᠨ ᠢᠯᠳᠦ ᠰᠤᠭᠤᠯᠤᠨ ᠴᠠᠪᠴᠢᠰᠤᠭᠠᠢ ᠬᠡᠮᠡᠬᠦᠢ ᠳ᠋ᠦ᠍ᠷ ᠲᠠᠢᠽᠦ ᠶᠠᠭᠠᠷᠠᠨ ᠭᠠᠷ ᠰᠠᠵᠢᠨ ᠵᠣᠭᠰᠣᠭᠠᠵᠤ ᠥᠭᠦᠯᠡᠷᠦᠨ :《ᠵᠢᠨᠦᠩ ᠳ᠋ᠦ᠍ᠷ ᠪᠠᠢᠵᠠ᠂ ᠮᠢᠨᠦ ᠰᠣᠨᠣᠰᠤᠭᠰᠠᠨ ᠠᠨᠤ᠂ ᠨᠠᠷᠠᠨ ᠤ᠋ ᠡᠭᠡᠯᠲᠡ ᠲᠥᠭᠥᠷᠢᠭ᠂ ᠭᠠᠵᠠᠷ ᠤ᠋ᠨ ᠪᠠᠢᠳᠠᠯ ᠳᠥᠷᠪᠡᠯᠵᠢᠨ᠂ ᠲᠡᠢᠨ ᠬᠦ᠌ ᠳᠥᠷᠪᠡᠨ ᠵᠦᠭ ᠦ᠋ᠨ ᠲᠤᠢᠯ ᠤ᠋ᠨ ᠭᠠᠵᠠᠷ ᠴᠥᠮ ᠲᠠᠪᠤᠨ ᠮᠠᠬᠠᠪᠣᠳ ᠤ᠋ᠨ ᠠᠮᠢᠲᠠᠨ ᠠᠮᠤᠢ᠂ ᠡᠨᠡ ᠠᠯᠲᠠᠨ ᠦᠰᠦᠲᠦ ᠶ᠋ᠢ ᠦᠵᠡᠬᠦᠯ᠎ᠡ ᠡᠨᠡ ᠪᠠᠷᠠᠭᠤᠨ ᠭᠠᠵᠠᠷ ᠤ᠋ᠨ ᠠᠯᠲᠠᠨ ᠤ᠋ ᠠᠳᠤᠭᠤᠰᠤ᠂ ᠡᠨᠡ ᠠᠮᠢᠲᠠᠨ ᠬᠥᠮᠦᠨ ᠠᠮᠢᠲᠠᠨ ᠳ᠋ᠤᠷ ᠡᠭᠡᠯᠢᠲᠡᠢ ᠠᠮᠢᠳᠤᠷᠠᠬᠤᠢ ᠬᠥᠮᠦᠵᠢᠭᠦᠯᠬᠦ ᠳ᠋ᠦ᠍ᠷ ᠳᠤᠷᠠᠲᠠᠢ᠂ ᠬᠢᠵᠠᠭᠠᠷ ᠢ᠋ ᠰᠠᠬᠢᠭᠴᠢ ᠬᠡᠮᠡᠮᠦᠢ᠃ ᠪᠢ ᠭᠠᠭᠴᠠ ᠡᠨᠡᠳᠬᠡᠭ ᠬᠡᠮᠡᠭᠴᠢ ᠡᠷᠲᠡᠨ ᠦ᠌ ᠵᠧᠦ ᠤᠯᠤᠰ ᠭᠡᠮᠡᠨ – ᠬᠢᠲᠠᠳ ᠬᠠᠭᠠᠨ ᠮᠦ᠍ ᠸᠠᠩ ᠬᠡᠮᠡᠬᠦ ᠬᠠᠭᠠᠨ ᠤ᠋ ᠦᠶ᠎ᠡ ᠳ᠋ᠦ᠍ᠷ ᠡᠨᠳᠡ ᠨᠢᠭᠡᠨ ᠦᠯᠢᠭᠡᠷᠯᠡᠰᠢ ᠦᠭᠡᠢ ᠡᠷᠳᠡᠮᠲᠦ ᠱᠠᠭᠢᠮᠤᠨᠢ ᠬᠡᠮᠡᠬᠦ ᠪᠤᠷᠬᠠᠨ ᠭᠡᠢᠭᠡᠵᠦ᠂ ᠲᠡᠷᠡ ᠢᠨᠦ ᠮᠠᠨ ᠤ᠋ ᠤᠭᠰᠠᠭ᠎ᠠ ᠮᠠᠾᠡᠰᠠᠮᠠᠨᠳᠢ ᠬᠠᠭᠠᠨ ᠬᠥᠪᠡᠭᠦᠨ ᠰᠠᠲᠤ ᠬᠠᠭᠠᠨ ᠭᠡᠮᠡᠨ ᠭᠠᠷᠤᠭᠰᠠᠨ ᠲᠤᠯᠠ ᠪᠢ ᠬᠠᠭᠤᠴᠢᠨ ᠨᠤᠲᠤᠭ ᠲᠤᠷ ᠢ᠋ᠶ᠋ᠡᠨ ᠬᠦᠷᠴᠦ ᠶᠡᠬᠡ ᠦᠢᠯᠡ ᠶ᠋ᠢ ᠲᠡᠨᠳᠡ ᠪᠦᠲᠦᠭᠡᠪᠡᠰᠦ ᠪᠣᠯᠬᠤ ᠪᠣᠯᠪᠠᠰᠤ ᠭᠡᠮᠡᠨ ᠦᠵᠡᠷ᠎ᠡ ᠡᠴᠢᠰᠦᠭᠡᠢ ᠬᠡᠮᠡᠭᠰᠡᠨ ᠪᠥᠯᠥᠭᠡ᠃ ᠰᠠᠨᠠᠮᠰᠠᠷ ᠦᠭᠡᠢ ᠡᠢᠮᠦ ᠨᠢᠭᠡᠨ ᠬᠡᠯᠡ ᠠᠮᠠ ᠦᠭᠡᠢ ᠠᠳᠤᠭᠤᠰᠤ ᠵᠠᠭᠤᠨ ᠲᠦᠮᠡᠨ ᠡᠴᠡ ᠦᠯᠦ ᠵᠠᠢᠯᠠᠨ᠂ ᠮᠢᠨᠦ ᠮᠣᠷᠢᠨ ᠢ᠋ ᠬᠠᠯᠠᠭᠯᠠᠨ ᠰᠥᠭᠥᠳᠦᠭᠰᠡᠨ ᠢᠨᠦ ᠡᠷᠬᠡᠪᠰᠢ ᠮᠠᠭᠤ ᠬᠡᠮᠡᠵᠦ ᠦᠯᠦ ᠪᠣᠯᠤᠮᠤᠢ᠃ ᠦᠨᠡᠬᠡᠷ ᠬᠡᠷᠪᠡ ᠪᠢ ᠡᠨᠡᠳᠬᠡᠭ ᠦ᠋ᠨ ᠳᠤᠮᠳᠠᠳᠤ ᠣᠷᠣᠨ ᠳ᠋ᠤᠷ ᠶᠡᠬᠡ ᠦᠢᠯᠡ ᠶ᠋ᠢ ᠪᠦᠲᠦᠭᠡᠨ ᠴᠢᠳᠠᠬᠤ ᠪᠤᠶᠠᠨᠲᠠᠢ ᠪᠥᠭᠡᠰᠦ᠂ ᠶᠠᠭᠤᠨ ᠳ᠋ᠤᠷ ᠬᠣᠢᠲᠤ ᠭᠠᠵᠠᠷ ᠲᠥᠷᠥᠬᠦ ᠪᠣᠢ ? ᠨᠡᠩ ᠪᠠᠰᠠ ᠡᠳᠦᠭᠡ ᠬᠢᠵᠠᠭᠠᠷ ᠤ᠋ᠨ ᠭᠥᠷᠥᠭᠡᠰᠦ ᠵᠠᠮ ᠢ᠋ ᠲᠣᠰᠴᠤ ᠮᠥᠷᠭᠥᠬᠦ ᠢᠨᠦ᠂ ᠯᠠᠪ ᠪᠢ ᠲᠡᠷᠡ ᠭᠠᠵᠠᠷ ᠮᠤᠰᠬᠢᠨ ᠬᠦᠷᠪᠡᠴᠦ ᠮᠢᠨᠦ ᠪᠡᠶ᠎ᠡ ᠳ᠋ᠦ᠍ᠷ ᠲᠤᠰᠠ ᠦᠭᠡᠢ ᠪᠣᠯᠤᠨ᠂ ᠮᠢᠨᠦ ᠣᠯᠠᠨ ᠵᠠᠩᠵᠤᠨ ᠴᠡᠷᠢᠭ ᠲᠦ᠍ᠷ ᠤᠰᠤ ᠰᠢᠷᠣᠢ ᠬᠠᠷᠰᠢᠵᠤ ᠡᠪᠡᠳᠴᠢᠨ ᠵᠣᠪᠠᠯᠠᠩ ᠦᠬᠦᠯ ᠶᠡᠭᠦᠳᠬᠡᠯ ᠢᠷᠡᠮᠦᠢ ‍ᠶ᠎ᠠ᠃ ᠬᠠᠷᠢᠨ ᠴᠤ᠌ ᠮᠢᠨᠦ ᠲᠡᠭᠷᠢ ᠡᠴᠢᠭᠡ ᠨᠠᠳᠠ ᠳ᠋ᠤᠷ ᠲᠡᠮᠳᠡᠭ ᠪᠣᠯᠭᠠᠵᠤ ᠨᠠᠮᠠᠶ᠋ᠢ ᠡᠬᠡ ᠬᠡᠮᠡᠬᠦ ᠪᠣᠯᠭᠤᠵᠠᠢ! 》 ᠭᠡᠮᠡᠨ《ᠮᠢᠨᠦ ᠲᠥᠯᠭᠡ ᠶ᠋ᠢ ᠠᠪᠴᠢᠷᠠ》ᠭᠡᠮᠡᠨ ᠨᠠᠷᠠᠨ ᠤ᠋ ᠵᠦᠭ ᠵᠠᠯᠪᠠᠷᠢᠨ ᠰᠦᠯᠳᠡ ᠲᠡᠭᠷᠢ ᠳ᠋ᠦ᠍ᠷ ᠢ᠋ᠶ᠋ᠠᠨ ᠬᠦᠵᠢ ᠡᠷᠭᠦᠨ ᠳᠠᠯᠤ ᠶ᠋ᠢᠨ ᠲᠥᠯᠭᠡ ᠪᠡᠨ ᠨᠠᠷᠠᠨ ᠤ᠋ ᠲᠤᠶᠠᠭ᠎ᠠ ᠳ᠋ᠤᠷ ᠦᠵᠡᠪᠡᠰᠦ᠂ ᠲᠡᠷᠡ ᠪᠠᠷᠠᠭᠤᠨ ᠡᠮᠦᠨ᠎ᠡ ᠵᠣᠪᠬᠢᠰ ᠪᠡᠬᠡ ᠮᠡᠲᠦ ᠬᠠᠷ᠎ᠠ ᠪᠣᠯᠤᠨ ᠦᠵᠡᠭᠳᠡᠬᠦᠢ ᠳ᠋ᠦ᠍ᠷ ᠲᠠᠢᠽᠦ᠂ ᠮᠤᠬᠤᠯᠢ ᠳ᠋ᠤᠷ ᠦᠵᠡᠭᠦᠯᠵᠦ᠂ ᠲᠡᠭᠦᠨ ᠦ᠌ ᠨᠣᠮᠣᠨ ᠤ᠋ ᠬᠥᠪᠴᠢ ᠶ᠋ᠢ ᠲᠠᠮᠰᠢᠶᠠᠯᠠᠨ ᠦᠵᠡᠭᠦᠯᠪᠡᠰᠦ᠂ ᠬᠥᠪᠴᠢ ᠶ᠋ᠢᠨ ᠳᠡᠷ᠎ᠡ ᠬᠠᠰ ᠳᠠᠭᠤᠨ ᠦᠯᠦ ᠭᠠᠷᠬᠤᠢ ᠳ᠋ᠤᠷ ᠮᠤᠬᠤᠯᠢ ᠶᠠᠭᠠᠷᠠᠨ ᠮᠣᠷᠢᠨ ᠠ᠋ᠴᠠ ᠪᠠᠭᠤᠵᠤ ᠲᠠᠢᠽᠦ ᠳ᠋ᠦ᠍ᠷ ᠮᠥᠷᠭᠥᠵᠦ ᠥᠭᠦᠯᠡᠷᠦᠨ :《ᠲᠡᠭᠷᠢ ᠡᠵᠡᠨ ᠮᠢᠨᠦ ᠬᠤᠪᠢᠯᠭᠠᠨ ᠮᠡᠷᠭᠡᠨ ᠳ᠋ᠦ᠍ᠷ ᠪᠣᠭᠣᠯᠴᠤᠳ ᠪᠢᠳᠡ ᠦᠨᠡᠬᠡᠷ ᠬᠦᠷᠬᠦ ᠦᠭᠡᠢ ! 》ᠭᠡᠮᠡᠨ ᠴᠡᠷᠢᠭ ᠡᠭᠡᠰᠦᠭᠡᠢ ᠭᠡᠮᠡᠨ ᠲᠣᠭᠲᠠᠵᠤ᠂ ᠲᠠᠢᠽᠦ ᠥᠪᠡᠷ ᠦ᠋ᠨ ᠭᠠᠷ ᠢ᠋ᠶ᠋ᠠᠷ ᠰᠢᠷ᠎ᠠ ᠭᠬᠢᠪ ᠠᠪᠴᠤ ᠲᠡᠷᠡ ᠭᠥᠷᠦᠭᠡᠰᠦᠨ ᠦ᠌ ᠬᠦᠵᠦᠭᠦᠨ ᠳ᠋ᠦ᠍ᠷ ᠴᠢᠮᠡᠵᠦ ᠵᠠᠬᠢᠷᠤᠨ ᠢᠨᠢᠶᠡᠨ ᠥᠭᠦᠯᠡᠷᠦᠨ :《ᠭᠥᠷᠥᠭᠡᠰᠦ ᠴᠢ ᠯᠠᠪ ᠲᠡᠭᠷᠢ ᠡᠴᠢᠭᠡ ᠶ᠋ᠢᠨ ᠵᠠᠬᠢᠶ᠎ᠠ ᠪᠠᠷ ᠨᠠᠮᠠᠶ᠋ᠢ ᠢᠳᠬᠠᠷ᠎ᠠ ᠢᠷᠡᠵᠦᠬᠦᠢ᠃ ᠪᠢ ᠡᠨᠡᠳᠬᠡᠭ ᠲᠣᠷ ᠡᠴᠢᠬᠦ ᠶ᠋ᠢ ᠪᠠᠢᠰᠤᠭᠠᠢ᠃ ᠴᠢ ᠣᠳᠣ ᠮᠢᠨᠦ ᠴᠡᠷᠢᠭ ᠦ᠋ᠨ ᠬᠣᠯᠠ ᠣᠢᠷ᠎ᠠ ᠳᠠᠭᠠᠵᠤ ᠰᠠᠢᠨ ᠮᠠᠭᠤ ᠳ᠋ᠤᠷ ᠪᠡᠯᠭᠡ ᠶ᠋ᠢ ᠪᠡᠷᠢ!》ᠭᠡᠮᠡᠨ ᠵᠠᠬᠢᠭ᠍ᠰᠠᠨ ᠳ᠋ᠤᠷ ᠲᠡᠷᠡ ᠭᠥᠷᠥᠭᠡᠰᠦ ᠳᠠᠬᠢᠨ ᠪᠠᠰᠠ ᠭᠤᠷᠪᠠᠨᠲᠠ ᠲᠣᠩᠭᠣᠯᠵᠠᠨ ᠮᠥᠷᠭᠥᠵᠦ ᠪᠣᠰᠤᠭᠠᠳ ᠳᠠᠷᠤᠢ ᠳᠣᠷᠣᠨ᠎ᠠ ᠡᠮᠦᠨ᠎ᠡ ᠵᠦᠭ ᠬᠠᠷᠪᠤᠭᠰᠠᠨ ᠮᠡᠲᠦ ᠳᠣᠪᠲᠣᠯᠤᠨ ᠡᠴᠢᠪᠡ᠃ 
       ᠲᠡᠨᠳᠡᠴᠡ ᠳᠠᠷᠤᠢ ᠡᠭᠡᠵᠦ᠂ ᠬᠣᠲᠣᠩ ᠤ᠋ᠨ ᠬᠠᠭᠠᠨ ᠪᠠᠪᠠᠫᠦ᠋ ᠶ᠋ᠢ ᠡᠭᠡᠬᠦ ᠵᠠᠮ ᠳ᠋ᠤᠷ ᠴᠠᠭᠠᠨ ᠳᠡᠪᠡᠯ ᠲᠡᠢ ᠬᠣᠲᠣᠩ ᠤ᠋ᠳ ᠲᠤᠷ ᠵᠠᠷᠤᠵᠤ ᠬᠡᠯᠡᠯᠴᠡᠨ ᠳᠠᠭᠠᠭᠤᠯ ᠭᠡᠮᠡᠨ ᠢᠯᠡᠭᠡᠬᠦᠢ ᠳ᠋ᠦ᠍ᠷ ᠪᠠᠰᠠ ᠬᠠᠷᠯᠢᠭᠤᠳ ᠤ᠋ᠨ ᠴᠠᠰ ᠠᠭᠤᠯᠠ ᠶ᠋ᠢ ᠰᠠᠷᠲᠠᠭᠴᠢᠨ ᠤ᠋ ᠠᠮᠪᠠᠭᠠᠢ ᠬᠠᠭᠠᠨ ᠳ᠋ᠤᠷ ᠠᠮᠤᠷ ᠡᠷᠢᠭᠦᠯᠦᠷ᠎ᠡ ᠵᠠᠷᠤᠪᠠ᠃ 
      ᠲᠡᠳᠦᠢ ᠲᠥᠪᠡᠳ ᠦ᠋ᠨ ᠣᠷᠣᠨ᠎ᠠ ᠬᠦᠢᠲᠡᠨ ᠡᠪᠦᠯ ᠢ᠋ ᠥᠩᠭᠡᠷᠡᠭᠡᠵᠦ᠂ ᠬᠠᠪᠤᠷ ᠤ᠋ᠨ ᠲᠡᠷᠢᠭᠦᠨ ᠰᠠᠷ᠎ᠠ ᠳ᠋ᠤᠷ ᠳᠠᠷᠤᠢ ᠬᠣᠢᠲᠤ ᠵᠦᠭ ᠢᠷᠡᠬᠦᠶ᠎ᠡ᠂ ᠪᠠᠪᠠᠫᠦ᠋ ᠢᠷᠡᠵᠦ ᠴᠠᠭᠠᠨ ᠳᠡᠪᠡᠯᠲᠦ ᠤᠯᠤᠰ ᠤ᠋ᠨ ᠡᠨᠡ ᠭᠦᠷᠬ᠎ᠠ᠂ ᠵᠢᠴᠢ ᠷᠣᠮ ᠤᠯᠤᠰ ᠤ᠋ᠨ ᠡᠵᠡᠨ ᠰᠠᠩᠴᠦᠪ ᠨᠠᠷ ᠬᠥᠮᠦᠨ ᠪᠦᠷᠢ ᠮᠢᠩᠭᠠᠨ ᠠᠴᠢᠶ᠎ᠠ ᠨᠠᠷᠢᠨ ᠪᠠᠯᠭ᠌ ᠪᠠᠷᠢᠨ ᠳᠠᠭᠠᠵᠤ᠂ ᠵᠢᠯ ᠪᠦᠷᠢ ᠠᠯᠪᠠ ᠬᠦᠷᠭᠡᠬᠦ ᠪᠡᠷ ᠲᠣᠭᠲᠠᠭᠰᠠᠨ ᠳ᠋ᠤᠷ ᠲᠠᠢᠽᠦ ᠶᠡᠬᠡᠯ᠎ᠡ ᠪᠠᠶᠠᠷᠯᠠᠵᠤ ᠬᠦᠨᠳᠦ ᠱᠠᠩ ᠬᠤᠷᠢᠮ ᠬᠦᠷᠲᠡᠭᠡᠨ ᠡᠭᠡᠵᠦ ᠮᠣᠷᠢᠯᠠᠨ᠂ ᠰᠠᠷᠲᠠᠭᠴᠢᠨ ᠤ᠋ ᠪᠠᠷᠠᠭᠤᠨ ᠡᠮᠦᠨ᠎ᠡ ᠪᠡᠷ ᠮᠣᠷᠢᠯᠠᠬᠤᠢ ᠳ᠋ᠤᠷ ᠨᠠᠶᠠᠨ ᠨᠠᠢ᠍ᠮᠠᠨ ᠲᠦᠮᠡᠨ ᠬᠠᠷ᠎ᠠ ᠲᠥᠪᠡᠳ ᠵᠠᠬ᠎ᠠ ᠭᠠᠷᠲᠠᠯ᠎ᠠ ᠦᠳᠡᠵᠦ᠂ ᠡᠨᠡ ᠵᠢᠯ ᠦ᠋ᠨ ᠠᠯᠪᠠ ᠶ᠋ᠢ ᠪᠠᠰᠠ ᠬᠠᠮᠲᠤ ᠬᠦᠷᠭᠡᠯᠭᠡᠨ ᠢᠯᠡᠭᠡᠬᠦᠶ᠎ᠡ᠂ ᠮᠤᠬᠤᠯᠢ :《ᠰᠢᠨ᠎ᠡ ᠳᠠᠭᠠᠭᠰᠠᠨ ᠤᠯᠤᠰ ᠤ᠋ᠳ ᠢ᠋ ᠪᠡᠶ᠎ᠡ ᠪᠡᠷ ᠬᠦᠷᠭᠡ᠂ ᠲᠤᠩ ᠴᠢᠯᠥᠭᠡ ᠦᠭᠡᠢ ᠠᠪᠠᠰᠤ ᠡᠷᠬᠡᠪᠰᠢ ᠡᠮᠦᠨ᠎ᠡ ᠡᠴᠡ ᠪᠡᠨ ᠶᠡᠬᠡ ᠰᠠᠢᠳ ᠲᠡᠷᠢᠭᠦᠯᠡᠭᠰᠡᠨ ᠲᠦᠰᠢᠮᠡᠯ ᠢ᠋ᠶ᠋ᠡᠷ ᠬᠦᠷᠭᠡᠯᠭᠡ ! 》ᠭᠡᠮᠡᠨ ᠵᠠᠷᠯᠠᠪᠠ᠃  
       ᠲᠡᠳᠦᠢ ᠴᠠᠰ ᠠᠭᠤᠯᠠ ᠰᠠᠷᠲᠠᠭᠴᠢᠨ ᠤ᠋ ᠠᠮᠪᠠᠭᠠᠢ ᠬᠠᠭᠠᠨ ᠳ᠋ᠤᠷ ᠵᠣᠯᠭᠠᠨ᠂ ᠲᠠᠢᠽᠦ ᠶ᠋ᠢᠨ ᠪᠡᠯᠡᠭ ᠢ᠋ ᠲᠤᠰᠢᠶᠠᠵᠤ᠂ ᠲᠡᠭᠦᠨ ᠦ᠌ ᠥᠷᠥᠰᠢᠶᠡᠯ ᠡᠷᠳᠡᠮ ᠢ᠋ ᠬᠡᠯᠡᠪᠡᠰᠦ ᠠᠮᠪᠠᠭᠠᠢ ᠬᠠᠭᠠᠨ ᠶᠡᠬᠡᠯ᠎ᠡ ᠬᠢᠯᠢᠩᠯᠡᠨ ᠴᠠᠪᠬᠠᠢ ᠳᠠᠭᠤᠨ ᠢ᠋ᠶ᠋ᠠᠷ ᠢᠨᠢᠶᠡᠵᠦ ᠥᠭᠦᠯᠡᠷᠦᠨ :《ᠪᠧᠲ᠋ᠠ᠋ ᠤᠯᠤᠰ ᠤ᠋ᠨ ᠲᠡᠮᠦᠵᠢᠨ ᠬᠠᠭᠠᠨ ᠬᠠᠷᠢᠶ᠎ᠠ ᠦᠭᠡᠢ ᠬᠠᠷᠢ ᠤᠯᠤᠰ ᠪᠥᠭᠡᠳ ᠬᠠᠮᠢᠶ᠎ᠠ ᠦᠭᠡᠢ ᠤᠯᠤᠰ ᠮᠠᠨ ᠢ᠋ ᠬᠠᠷᠮᠠᠵᠤ ᠬᠤᠷᠢᠶᠠᠭᠰᠠᠭᠠᠷ ᠨᠢᠭᠡᠨᠲᠡ ᠠᠮᠲᠠᠰᠢᠵᠤ᠂ ᠭᠡᠷ ᠲᠡᠭᠡᠨ ᠰᠠᠭᠤᠬᠤ ᠠᠮᠪᠠᠭᠠᠢ ᠨᠠᠳᠠ ᠳ᠋ᠤᠷ ᠪᠠᠰᠠ ᠳᠤᠷᠠᠯᠠᠵᠤ ᠭᠡᠨᠡᠳᠡᠭᠦᠯᠬᠦ ᠠᠷᠭ᠎ᠠ ᠪᠠᠷ ᠬᠠᠷᠢᠯᠴᠠᠵᠤ ᠴᠢᠮᠠᠶ᠋ᠢ ᠵᠠᠷᠤᠭᠰᠠᠨ ᠪᠣᠯᠠᠢ᠂ ᠭᠡᠮ ᠦᠭᠡᠢ ᠠᠮᠪᠠᠭᠠᠢ ᠨᠠᠮᠠᠢ ᠬᠠᠯᠳᠠᠶ᠎ᠠ ᠬᠡᠮᠡᠬᠦᠯ᠎ᠡ ᠭᠡᠷ ᠲᠡᠭᠡᠨ ᠬᠠᠷᠢᠵᠤ ᠬᠦᠯᠢᠶᠡ ᠬᠡ᠂ ᠣᠯᠠᠨ ᠦᠭᠡ ᠬᠡᠷᠡᠭ ᠦᠭᠡᠢ! 》 ᠬᠡᠮᠡᠭᠰᠡᠨ ᠳ᠋ᠦ᠍ᠷ ᠴᠠᠰ ᠠᠭᠤᠯᠠ ᠶᠡᠬᠡᠯ᠎ᠡ ᠠᠭᠤᠷᠯᠠᠨ ᠬᠠᠷᠢᠶᠠᠵᠤ ᠠᠷᠭ᠎ᠠ ᠦᠭᠡᠢ ᠡᠭᠡᠬᠦ ᠵᠠᠮ ᠳ᠋ᠤᠷ ᠢ᠋ᠶ᠋ᠠᠨ ᠣᠴᠣᠭ᠎ᠠ ᠤᠯᠤᠰ᠂ ᠴᠢ ᠤᠯᠤᠰ ᠡᠨᠡ ᠬᠣᠶᠠᠷ ᠤᠯᠤᠰ ᠢ᠋ ᠬᠡᠯᠡᠯᠴᠡᠨ ᠣᠯᠵᠤ ᠠᠯᠪᠠ ᠲᠣᠭᠲᠠᠭᠠᠭᠠᠳ ᠲᠠᠢᠽᠦ ᠶ᠋ᠢᠨ ᠬᠣᠢᠨ᠎ᠠ ᠠ᠋ᠴᠠ ᠭᠦᠢᠴᠡᠵᠦ ᠢᠷᠡᠪᠡ᠃ 
       ᠲᠡᠳᠦᠢ ᠲᠠᠢᠽᠦ ᠬᠠᠪᠤᠷ ᠤ᠋ᠨ ᠰᠡᠭᠦᠯ ᠰᠠᠷ᠎ᠠ ᠶ᠋ᠢᠨ ᠠᠷᠪᠠᠳ ᠢ᠋ᠶ᠋ᠠᠷ ᠤᠯᠤᠰ ᠲᠤᠷ ᠢ᠋ᠶ᠋ᠠᠨ ᠬᠦᠷᠴᠦ ᠢᠷᠡᠭᠰᠡᠨ᠎ᠡ᠂ ᠵᠣᠴᠢ᠂ ᠴᠠᠭᠠᠲᠠᠢ ᠠᠷᠪᠠᠨ ᠳᠥᠷᠪᠡᠨ ᠵᠠᠩᠵᠤᠨ ᠨᠠᠷ ᠢ᠋ ᠠᠪᠴᠤ ᠲᠡᠷᠢᠭᠦᠨ ᠤᠳᠤᠯᠭ᠎ᠠ ᠳ᠋ᠤᠷ ᠤᠭᠲᠤᠵᠤ ᠪᠠᠶᠠᠷ ᠤ᠋ᠨ ᠶᠣᠰᠣᠭᠠᠷ ᠮᠥᠷᠭᠥᠪᠡ᠃ ᠤᠯᠤᠰ ᠤ᠋ᠨ ᠳᠤᠮᠳᠠ ᠣᠢᠲᠤ ᠣᠴᠢᠭ ᠤᠷᠠᠨ ᠭᠠᠴᠤᠭ ᠨᠠᠷ ᠪᠤᠭᠤᠷᠵᠢ᠂ ᠬᠣᠷᠣᠭ᠎ᠠ᠂ ᠲᠠᠢᠽᠦ ᠶ᠋ᠢᠨ ᠬᠥᠪᠡᠭᠦᠨ ᠥᠭᠡᠳᠡᠢ᠂ ᠲᠣᠯᠢ ᠬᠣᠶᠠᠭᠤᠯᠠ ᠶ᠋ᠢ ᠠᠪᠴᠤ ᠬᠣᠷᠢᠨ ᠵᠠᠩᠵᠤᠨ ᠨᠠᠷ ᠲᠠᠢ ᠤᠭᠲᠤᠪᠠ᠃ ᠪᠠᠯᠭᠤ ᠬᠣᠷᠣᠭ᠎ᠠ ᠶ᠋ᠢᠨ ᠵᠠᠬ᠎ᠠ ᠳ᠋ᠤᠷ ᠲᠠᠢ ᠰᠡᠴᠡᠨ᠂ ᠲᠣᠷᠭᠠᠨ ᠰᠢᠷ᠎ᠠ᠂ ᠥᠷᠯᠥᠭ ᠯᠢᠳᠠᠷ ᠨᠠᠷ ᠬᠥᠭᠰᠢᠨ ᠲᠦᠰᠢᠮᠡᠯ ᠮᠡᠩᠭᠡᠯᠢᠭ ᠨᠠᠷ ᠢ᠋ ᠠᠪᠴᠤ ᠤᠭᠲᠤᠨ ᠵᠣᠯᠭᠠᠵᠤ ᠮᠥᠷᠭᠥᠨ ᠣᠯᠠᠨ ᠢ᠋ᠶ᠋ᠠᠷ ᠠᠷᠢᠬᠢ ᠪᠠᠷᠢᠵᠤ ᠪᠡᠯᠭᠡᠯᠡᠪᠡᠢ᠃ 
       ᠲᠠᠢᠽᠦ ᠤᠷᠢᠳᠤᠰ ᠤ᠋ᠨ ᠰᠦᠯᠳᠡ ᠳ᠋ᠦ᠍ᠷ ᠮᠥᠷᠭᠥᠵᠦ᠂ ᠦᠵᠢᠨ ᠡᠮᠡᠭᠡ ᠳ᠋ᠦ᠍ᠷ ᠮᠥᠷᠭᠥᠨ ᠵᠣᠯᠭᠠᠵᠤ᠂ ᠠᠭᠤᠯᠠ ᠲᠠᠯ᠎ᠠ ᠪᠠᠨ ᠳᠠᠬᠢᠵᠤ ᠶᠡᠬᠡ ᠬᠤᠷᠢᠮ ᠬᠤᠷᠢᠮᠯᠠᠨ ᠭᠠᠳᠠᠨ᠎ᠠ ᠠᠯᠤᠰ ᠠᠶᠠᠨ᠎ᠠ ᠳᠠᠭᠠᠭᠰᠠᠨ ᠪᠠ ᠭᠡᠷ ᠲᠡᠭᠡᠨ ᠤᠯᠤᠰ ᠢ᠋ ᠰᠠᠭᠢᠭ᠍ᠰᠠᠨ ᠲᠠᠢ ᠬᠠᠮᠲᠤ ᠶ᠋ᠢ ᠬᠤᠷᠢᠮᠯᠠᠨ ᠬᠦᠨᠳᠦ ᠱᠠᠩ ᠲᠠᠯᠪᠢᠵᠤ ᠶᠡᠬᠡ ᠬᠡᠰᠢᠭ ᠬᠦᠷᠲᠡᠭᠡᠪᠡ᠃ ᠲᠠᠭᠠᠯᠳᠤᠬ᠎ᠠ ᠳᠠᠭᠠᠭᠰᠠᠨ ᠪᠠ ᠬᠣᠴᠣᠷᠤᠭᠰᠠᠨ ᠠᠢᠮᠠᠭ ᠤ᠋ᠳ ᠤ᠋ᠨ ᠡᠵᠡᠳ ᠢ᠋ ᠴᠥᠮ ᠴᠤᠭᠯᠠᠭᠤᠯᠤᠨ ᠢᠷᠡᠵᠦ ᠪᠠᠶᠠᠷ ᠤ᠋ᠨ ᠬᠤᠷᠢᠮ ᠱᠠᠩᠨᠠᠪᠠ᠃ ᠮᠤᠬᠤᠯᠢ᠂ ᠲᠠᠢ ᠰᠡᠴᠡᠨ᠂ ᠲᠣᠷᠭᠠᠨ ᠰᠢᠷ᠎ᠠ᠂ ᠥᠷᠯᠥᠭ ᠯᠢᠳᠠᠷ᠂ ᠪᠤᠭᠤᠷᠵᠢ᠂ ᠪᠤᠭᠤᠷᠤᠯ᠂ ᠳᠥᠷᠪᠡᠨ ᠳᠡᠭᠦᠦ ᠨᠣᠶᠠᠨ᠂ ᠳᠥᠷᠪᠡᠨ ᠬᠥᠪᠡᠭᠦᠨ ᠡᠵᠡᠨ ᠯᠦ᠋ᠭᠡ ᠵᠥᠪᠯᠡᠵᠦ ᠬᠣᠯᠠ ᠣᠢᠷ᠎ᠠ ᠤᠯᠤᠰ ᠢ᠋ ᠤᠨᠤᠨ ᠮᠥᠷᠡᠨ ᠦ᠌ ᠡᠬᠢ ᠳ᠋ᠦ᠍ᠷ ᠴᠢᠭᠤᠯᠭᠠᠨ ᠴᠢᠭᠤᠯᠵᠤ ᠨᠡᠢᠯᠡᠬᠦ ᠪᠡᠷ ᠪᠡᠯᠡᠳᠦᠭᠲᠦᠨ᠂ ᠬᠡᠷᠪᠡ ᠣᠰᠣᠯᠳᠠᠪᠠᠰᠤ ᠢᠯᠡ ᠵᠠᠰᠠᠭ ᠢ᠋ ᠬᠢᠴᠢᠶᠡ ᠭᠡᠮᠡᠨ ᠲᠠᠷᠬᠠᠭᠠᠭᠠᠳ ᠲᠠᠢᠽᠦ ᠳ᠋ᠦ᠍ᠷ ᠣᠷᠣᠵᠤ ᠮᠡᠳᠡᠭᠦᠯᠦᠷᠦᠨ :《ᠮᠠᠨ ᠤ᠋ ᠡᠨᠡ ᠪᠤᠷᠬᠠᠨ ᠭᠠᠯᠳᠤᠨ᠎ᠠ ᠶ᠋ᠢ ᠤᠭ ᠵᠤᠰᠠᠭᠠᠯ ᠤ᠋ᠨ ᠨᠤᠲᠤᠭ ᠪᠣᠯᠭᠠᠨ ᠡᠮᠦᠨ᠎ᠡ ᠤᠨᠤᠨ ᠮᠥᠷᠡᠨ ᠦ᠌ ᠡᠬᠢ ᠬᠠᠭᠤᠴᠢᠨ ᠮᠤᠩ ᠤᠯᠤᠰ ᠤ᠋ᠨ ᠭᠣᠣᠯ ᠤ᠋ᠨ ᠠᠮᠠᠨ ᠳ᠋ᠤᠷ ᠭᠠᠵᠠᠷ ᠤ᠋ᠨ ᠬᠦᠴᠦᠨ ᠪᠠ ᠠᠭᠤᠯᠠ ᠤᠰᠤᠨ ᠤ᠋ ᠪᠠᠢᠳᠠᠯ ᠲᠡᠭᠰᠢ ᠶᠡᠬᠡ ᠪᠥᠭᠡᠳ ᠲᠠᠪᠤᠨ ᠮᠠᠬᠠᠪᠣᠳ ᠪᠦᠷᠢᠨ᠂ ᠡᠮᠦᠨ᠎ᠡ ᠡᠲᠡᠭᠡᠳ ᠳᠤᠭᠤᠯᠠᠭ᠎ᠠ ᠣᠷᠣᠢ᠂ ᠪᠠᠷᠠᠭᠤᠨ ᠪᠡᠶ᠎ᠡ ᠳ᠋ᠦ᠍ᠷ ᠠᠯᠲᠠᠨ ᠮᠠᠷᠠᠯ ᠤ᠋ᠨ ᠭᠤᠷᠪᠠᠨ ᠠᠭᠤᠯᠠ᠂ ᠬᠣᠢᠲᠤ ᠪᠡᠶ᠎ᠡ ᠤᠨᠤᠨ ᠮᠥᠷᠡᠨ ᠦ᠌ ᠲᠠᠯ᠎ᠠ ᠪᠤᠯᠤᠩ᠂ ᠵᠡᠭᠦᠨ ᠡᠲᠡᠭᠡᠳ ᠬᠠᠷ᠎ᠠ ᠰᠢᠭᠤᠢ ᠶ᠋ᠢᠨ ᠲᠠᠯ᠎ᠠ᠂ ᠳᠤᠮᠳᠠᠳᠤ ᠳ᠋ᠤ᠌ ᠶᠡᠬᠡ ᠳᠣᠪᠣᠢ ᠪᠣᠢ᠃ ᠡᠨᠡ ᠭᠠᠵᠠᠷ ᠴᠣᠬᠣᠮ ᠡᠵᠡᠨ ᠦ᠌ ᠨᠤᠲᠤᠭᠯᠠᠬᠤ ᠣᠷᠣᠨ᠂ ᠬᠦᠢᠲᠡᠨ ᠬᠠᠯᠠᠭᠤᠨ ᠲᠡᠭᠰᠢ᠂ ᠤᠷᠢᠳᠤ ᠡᠪᠦᠭᠡᠳ ᠮᠥᠨ ᠲᠡᠷᠡ ᠭᠠᠵᠠᠷ ᠬᠠᠭᠠᠨ ᠰᠠᠭᠤᠵᠤ ᠶᠠᠪᠤᠭᠰᠠᠨ ᠪᠥᠯᠥᠭᠡ᠃ ᠬᠣᠢᠨ᠎ᠠ ᠡᠵᠡᠨ ᠢ᠋ ᠪᠠᠭ᠎ᠠ ᠳ᠋ᠤᠷ ᠭᠠᠵᠠᠷ ᠴᠠᠯᠠᠭᠠᠢ ᠲᠤᠯᠠ ᠦᠵᠢᠨ ᠡᠮᠡᠭᠡ ᠡᠨᠳᠡ ᠳᠡᠪᠰᠢᠭᠰᠡᠨ ᠪᠥᠯᠥᠭᠡ᠃ ᠡᠳᠦᠭᠡ ᠤᠯᠤᠰ ᠠᠢᠮᠠᠭ ᠶᠡᠬᠡ ᠪᠣᠯᠵᠤ᠂ ᠬᠣᠷᠢᠶ᠎ᠠ ᠬᠦᠷᠢᠶ᠎ᠡ ᠮᠠᠰᠢ ᠶᠡᠬᠡ ᠳ᠋ᠦ᠍ᠷ ᠠᠳᠤᠭᠤ ᠮᠠᠯ ᠡᠨᠡ ᠭᠠᠵᠠᠷ ᠪᠠᠭᠲᠠᠬᠤ ᠦᠭᠡᠢ ᠪᠣᠯᠵᠤᠬᠤᠢ᠃ ᠵᠢᠴᠢ ᠳ᠋ᠦ᠍ᠷ ᠪᠠᠭ᠎ᠠ ᠡᠵᠡᠳ ᠦ᠋ᠨ ᠶᠡᠬᠡ ᠶᠣᠰᠣ ᠶ᠋ᠢ ᠮᠥᠨ ᠪᠦᠲᠦᠭᠡᠪᠡᠰᠦ ᠵᠣᠬᠢᠬᠤ ᠲᠤᠯᠠ ᠪᠠᠰᠠ ᠳᠥᠷᠪᠡᠨ ᠶᠡᠬᠡ ᠤᠷᠤᠭ ᠨᠡᠮᠡᠬᠦᠢ ᠳ᠋ᠦ᠍ᠷ ᠡᠨᠡ ᠭᠠᠵᠠᠷ ᠨᠡᠩ ᠳᠠᠪᠴᠢᠳᠠᠮᠤᠢ᠃ ᠡᠨᠡ ᠭᠠᠵᠠᠷ ᠥᠴᠦᠬᠡᠨ ᠢ᠋ ᠲᠡᠵᠢᠭᠡᠨ ᠡᠷᠭᠦᠵᠦ ᠨᠢᠯᠬ᠎ᠠ ᠶ᠋ᠢ ᠬᠥᠮᠦᠵᠢᠭᠦᠯᠦᠨ ᠥᠰᠬᠡᠬᠦᠢ ᠳ᠋ᠦ᠍ᠷ ᠠᠮᠢᠰᠬᠤᠯ ᠪᠠᠰᠠ ᠰᠠᠢᠨ ᠪᠣᠢ ‍ᠶ᠎ᠠ᠂ ᠪᠠᠷᠤᠭᠯᠠᠨ ᠳᠡᠯᠭᠡᠵᠦ ᠨᠡᠢᠭᠡᠮᠯᠡᠨ ᠬᠤᠷᠢᠶᠠᠮᠵᠢᠯᠠᠬᠤᠢ ᠳ᠋ᠤᠷ ᠲᠡᠷᠡ ᠭᠠᠵᠠᠷ ᠲᠤᠷ ᠦᠯᠦ ᠬᠥᠷᠥᠮᠦᠢ᠃ 》ᠭᠡᠮᠡᠨ《ᠡᠨᠡ ᠨᠤᠲᠤᠭ ᠢ᠋ ᠣᠳᠬᠣᠨ ᠡᠵᠡᠨ ᠲᠣᠯᠢ ᠳ᠋ᠤᠷ ᠪᠡᠯᠡᠳᠪᠡᠰᠦ ᠵᠣᠬᠢᠮᠤᠢ !》ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠪᠣᠳᠣᠪᠠᠰᠤ ᠮᠤᠬᠤᠯᠢ ᠶ᠋ᠢᠨ ᠦᠭᠡ ᠮᠠᠰᠢ ᠮᠥᠨ ᠲᠤᠯᠠ ᠳᠠᠷᠤᠢ ᠨᠡᠭᠦᠬᠦ ᠪᠡᠷ ᠲᠣᠭᠲᠠᠭᠠᠪᠠ᠃ ᠳᠠᠭᠠᠯᠳᠤᠭ᠎ᠠ ᠬᠠᠷᠯᠢᠭᠤᠳ ᠤ᠋ᠨ ᠴᠠᠰ ᠠᠭᠤᠯᠠ ᠬᠦᠷᠴᠦ ᠢᠷᠡᠭᠡᠳ ᠰᠠᠷᠲᠠᠭᠴᠢᠨ ᠤ᠋ ᠠᠮᠪᠠᠭᠠᠢ ᠶ᠋ᠢᠨ ᠦᠭᠡ ᠶ᠋ᠢ ᠮᠡᠳᠡᠭᠦᠯᠵᠦ᠂ ᠵᠢᠴᠢ ᠰᠢᠨ᠎ᠡ ᠳᠠᠭᠠᠭᠰᠠᠨ ᠣᠴᠣᠭ᠎ᠠ᠂ ᠴᠢ ᠬᠣᠶᠠᠷ ᠤᠯᠤᠰ ᠤ᠋ᠨ ᠡᠵᠡᠨ ᠮᠡᠾᠡᠪᠡᠯ᠎ᠡ ᠪᠠᠯᠠᠷᠢᠮᠪᠤ ᠬᠣᠶᠠᠭᠤᠯᠠ ᠶ᠋ᠢ ᠤᠳᠤᠷᠢᠳᠤᠨ ᠮᠥᠷᠭᠥᠭᠦᠯᠦᠭᠰᠡᠨ ᠳ᠋ᠦ᠍ᠷ ᠲᠠᠢᠽᠦ ᠪᠡᠶᠡᠰᠦᠨ ᠰᠠᠢᠰᠢᠶᠠᠵᠤ᠂ ᠴᠠᠰ ᠠᠭᠤᠯᠠ ᠳ᠋ᠤᠷ ᠬᠦᠨᠳᠦ ᠱᠠᠩ ᠥᠭᠴᠦ ᠮᠡᠾᠡᠪᠡᠯ᠎ᠡ ᠪᠠᠯᠠᠷᠢᠮᠪᠤ ᠬᠣᠶᠠᠷ ᠲᠤᠷ ᠱᠠᠩ ᠬᠤᠷᠢᠮ ᠥᠭᠴᠦ ᠴᠢᠭᠤᠯᠭᠠᠨ ᠴᠢᠭᠤᠯᠬᠤ ᠶ᠋ᠢ ᠬᠦᠯᠢᠶᠡᠯᠭᠡᠪᠡ᠃  
       ᠲᠡᠳᠦᠢ ᠰᠠᠷᠲᠠᠭᠴᠢᠨ ᠤ᠋ ᠠᠮᠪᠠᠭᠠᠢ ᠬᠠᠭᠠᠨ ᠤ᠋ ᠤᠴᠢᠷ ᠢ᠋ ᠠᠰᠠᠭᠤᠭᠰᠠᠨ ᠳ᠋ᠤᠷ ᠴᠠᠰ ᠠᠭᠤᠯᠠ ᠠᠮᠪᠠᠭᠠᠢ ᠶ᠋ᠢᠨ ᠳᠡᠭᠡᠷᠡᠩᠭᠦᠢ ᠠᠭᠠᠰᠢ ᠶᠡᠬᠡ ᠦᠭᠡᠰ ᠢ᠋ ᠪᠦᠷᠢᠨ᠎ᠡ ᠮᠡᠳᠡᠭᠦᠯᠦᠭᠰᠡᠨ ᠳ᠋ᠦ᠍ᠷ ᠲᠠᠢᠽᠦ ᠮᠦᠰᠢᠶᠡᠵᠦ ᠥᠭᠦᠯᠡᠷᠦᠨ :《ᠡᠷᠲᠡᠨ ᠦ᠌ ᠦᠭᠡ ᠳ᠋ᠦ᠍ᠷ < ᠶᠡᠬᠡ ᠥᠭᠦᠯᠡᠬᠦ ᠡᠴᠡ ᠶᠡᠬᠡᠳᠡ ᠡᠮᠬᠦ > ᠬᠡᠮᠡᠭᠰᠡᠴᠢᠯᠡᠨ ᠠᠮᠪᠠᠭᠠᠢ ᠶᠠᠭᠤᠲᠠᠢ ᠶᠡᠬᠡ ᠦᠭᠡᠰ ᠳᠡᠭᠡᠷᠡᠩᠭᠦᠢ ᠠᠭᠠᠰᠢ ᠲᠠᠢ ᠪᠣᠢ ? ᠡᠨᠡ ᠯᠠᠪ ᠰᠠᠢᠨ ᠦᠭᠡᠢ᠃ ᠪᠢ ᠡᠨᠡ ᠤᠳᠠᠭ᠎ᠠ ᠡᠰᠡ ᠶᠠᠭᠠᠷᠠᠭᠰᠠᠨ ᠪᠥᠭᠡᠰᠦ ᠳᠠᠭᠠᠷᠢᠨ ᠣᠷᠣᠵᠤ ᠤᠴᠢᠷ ᠢ᠋ ᠠᠰᠠᠭᠤᠨ ᠣᠯᠤᠭᠠᠳ ᠳᠠᠢᠯᠠᠬᠤ ᠪᠥᠯᠥᠭᠡ᠃ ᠡᠭᠦᠨ ᠢ᠋ ᠰᠤᠯᠠ ᠲᠠᠯᠪᠢᠵᠤ ᠦᠯᠦ ᠪᠣᠯᠬᠤ᠂ ᠨᠡᠩ ᠪᠠᠰᠠ ᠲᠡᠷᠡ ᠲᠠᠩᠭᠤᠳ ᠤ᠋ᠨ ᠰᠢᠳᠤᠷᠭᠤ ᠬᠠᠭᠠᠨ ᠴᠢᠷᠠᠢ ᠳᠦᠭᠦᠷᠡᠩ ᠰᠢᠮᠨᠤ ᠶ᠋ᠢᠨ ᠠᠭᠤᠷ᠂ ᠪᠡᠶ᠎ᠡ ᠶ᠋ᠢᠨ ᠬᠣᠲᠠᠯᠠ ᠭᠠᠵᠢᠭᠤ ᠪᠠᠢᠳᠠᠯ ᠪᠣᠢ᠂ ᠡᠨᠡ ᠬᠣᠶᠠᠷ ᠰᠠᠢᠨ ᠬᠥᠮᠦᠨ ᠪᠤᠰᠤ! 》 ᠭᠡᠮᠡᠨ ᠪᠠᠰᠠ ᠵᠣᠴᠢ᠂ ᠴᠠᠭᠠᠲᠠᠢ ᠨᠠᠷ ᠤ᠋ᠨ ᠯᠦᠸ᠋ᠸ ᠽᠢ ᠴᠧᠩ ᠬᠣᠲᠠ ᠪᠠ ᠯᠢ ᠴᠢᠯᠢ ᠬᠣᠷᠣᠭ᠎ᠠ ᠶ᠋ᠢᠨ ᠣᠯᠠᠨ ᠢ᠋ ᠶᠠᠭᠤᠨ ᠳ᠋ᠤᠷ ᠨᠡᠭᠦᠯᠭᠡᠨ ᠠᠪᠴᠢᠷᠠᠪᠠ ? ᠭᠡᠮᠡᠨ ᠠᠰᠠᠭᠤᠭᠰᠠᠨ ᠳ᠋ᠤᠷ ᠴᠠᠭᠠᠲᠠᠢ ᠮᠡᠳᠡᠭᠦᠯᠦᠷᠦᠨ :《ᠲᠡᠷᠡ ᠬᠣᠲᠠ ᠶ᠋ᠢᠨ ᠣᠯᠠᠨ ᠢᠷᠭᠡᠨ ᠦ᠌ ᠪᠠᠢᠳᠠᠯ ᠡᠭᠡᠨᠡᠭᠲᠡ ᠰᠢᠶᠠ ᠤᠯᠤᠰ ᠲᠤᠷ ᠢ᠋ᠶ᠋ᠠᠨ ᠡᠭᠡᠷᠡᠨ ᠰᠠᠨᠠᠵᠤ᠂ ᠮᠠᠨ ᠤ᠋ ᠬᠦᠨᠳᠦ ᠬᠡᠰᠢᠭ ᠢ᠋ ᠦᠲᠡᠭᠡᠷᠦᠨ ᠬᠠᠷᠢᠨ ᠮᠡᠳᠡᠭᠡ ᠢᠯᠡᠭᠡᠯᠴᠡᠨ ᠰᠡᠳᠬᠢᠯ ᠬᠤᠪᠢᠰᠬᠤ ᠲᠤᠯᠠ ᠪᠠᠬᠠᠨ ᠬᠠᠰᠢᠷᠠᠭᠠᠵᠤ ᠮᠡᠳᠡᠭᠦᠯᠰᠦᠭᠡᠢ ᠭᠡᠮᠡᠨ ᠨᠡᠭᠦᠯᠭᠡᠨ ᠠᠴᠢᠷᠠᠪᠠᠢ᠃ ᠡᠳᠦᠭᠡ ᠵᠢᠨᠦᠩ ᠤᠨᠤᠨ ᠮᠥᠷᠡᠨ ᠦ᠌ ᠡᠬᠢ ᠳ᠋ᠦ᠍ᠷ ᠬᠣᠲᠠ ᠬᠦᠷᠢᠶ᠎ᠡ ᠴᠣᠭᠴᠠᠯᠠᠬᠤᠢ ᠳ᠋ᠤᠷ ᠲᠡᠳᠡᠨ ᠦ᠌ ᠤᠷᠠᠨ ᠪᠠ ᠬᠦᠴᠦᠨ ᠢ᠋ ᠬᠡᠷᠡᠭᠯᠡᠵᠦ ᠵᠠᠷᠤᠮᠤᠢ᠃ 》ᠲᠠᠢᠽᠦ ᠥᠭᠦᠯᠡᠷᠦᠨ :《ᠲᠠ ᠡᠭᠡᠨᠡᠭᠲᠡ ᠪᠠᠭ᠎ᠠ ᠲᠤᠯᠠ ᠬᠤᠷᠴᠠ ᠠᠭᠤᠷ ᠬᠡᠲᠦᠷᠬᠡᠢ ᠴᠢᠭᠢᠷᠠᠭ᠂ ᠬᠥᠮᠦᠨ ᠦ᠌ ᠠᠮᠠᠨ ᠲᠦᠮᠡᠨ ᠦ᠌ ᠲᠣᠭ᠎ᠠ ᠬᠦᠷᠪᠡᠰᠦ ᠲᠡᠭᠷᠢ ᠯᠦ᠍ᠭᠡ ᠰᠠᠴᠠᠭᠤ᠂ ᠬᠥᠮᠦᠨ ᠦ᠌ ᠵᠣᠪᠠᠯᠠᠩ ᠲᠦᠮᠡᠨ ᠳ᠋ᠦ᠍ᠷ ᠬᠦᠷᠪᠡᠰᠦ ᠭᠠᠵᠠᠷ ᠯᠤᠭ᠎ᠠ ᠪᠦᠷᠬᠦᠮᠦᠢ᠂ ᠡᠳᠡᠭᠡᠷ ᠬᠡᠳᠦᠨ ᠲᠦᠮᠡᠨ ᠢ᠋ ᠨᠤᠲᠤᠭ ᠤᠰᠤᠨ ᠠ᠋ᠴᠠ ᠬᠠᠭᠠᠴᠠᠭᠤᠯᠤᠨ ᠭᠠᠵᠠᠷ ᠲᠠᠷᠢᠶ᠎ᠠ ᠠ᠋ᠴᠠ ᠰᠠᠯᠭᠠᠵᠤ ᠨᠡᠭᠦᠯᠭᠡᠨ ᠠᠴᠢᠷᠠᠭᠰᠠᠨ ᠠᠨᠤ ᠬᠡᠳᠦᠢ ᠴᠡᠷᠢᠭ ᠦ᠋ᠨ ᠡᠷᠬᠡ ᠪᠡᠷ ᠴᠢᠳᠠᠭᠰᠠᠨ ᠪᠣᠯᠪᠠᠴᠤ ᠬᠥᠮᠦᠨ ᠦ᠌ ᠬᠣᠷᠣᠰᠤᠯ ᠭᠦᠨ ᠪᠣᠯᠵᠤ᠂ ᠬᠥᠭᠰᠢᠨ ᠨᠢᠯᠬ᠎ᠠ ᠶ᠋ᠢᠨ ᠵᠣᠪᠠᠯᠠᠩ ᠵᠠᠯᠭᠠᠯᠳᠤᠮᠤᠢ᠃ ᠯᠠᠪᠲᠠᠶ᠎ᠠ ᠨᠢᠭᠦᠯ ᠬᠢᠯᠢᠨᠴᠡ ᠪᠣᠯᠬᠤ ᠪᠣᠢ ‍ᠶ᠎ᠠ᠂ ᠡᠢᠨ ᠬᠦ᠌ ᠣᠯᠠᠨ ᠢ᠋ ᠡᠳᠦᠢ ᠴᠢᠷᠦᠭᠳᠡᠭᠦᠯᠬᠦ ᠢᠨᠦ ᠡᠵᠡᠨ ᠪᠣᠯᠤᠭᠴᠢᠳ ᠤ᠋ᠨ ᠥᠷᠥᠰᠢᠶᠡᠯᠳᠦ ᠶᠠᠪᠤᠳᠠᠯ ᠪᠤᠰᠤ᠂ ᠬᠡᠳᠦᠢ ᠴᠡᠷᠢᠭ ᠰᠠᠬᠢᠪᠠᠴᠤ ᠠᠯᠠᠬᠤ ᠪᠠᠢᠯᠳᠤᠬᠤ ᠳ᠋ᠤᠷ ᠬᠦᠷᠪᠡᠰᠦ ᠲᠡᠷᠡ ᠠᠷᠭ᠎ᠠ ᠦᠭᠡᠢ ᠪᠣᠢ ‍ᠶ᠎ᠠ᠃ ᠡᠨᠡ ᠬᠣᠲᠠ ᠶ᠋ᠢᠨ ᠬᠣᠲᠠᠯᠠᠭᠠᠷ ᠢ᠋ ᠨᠡᠭᠦᠯᠭᠡᠨ ᠠᠪᠴᠢᠷᠠᠭᠰᠠᠨ ᠠᠨᠤ ᠪᠠᠭ᠎ᠠ ᠬᠡᠷᠡᠭ ᠪᠤᠰᠤ᠂ ᠣᠯᠠᠨ ᠤ᠋ ᠡᠵᠡᠨ ᠨᠡᠢᠲᠡ ᠶ᠋ᠢ ᠬᠠᠮᠠᠭᠠᠯᠠᠬᠤ ᠡᠵᠡᠨ ᠪᠣᠯᠤᠭᠴᠢᠳ ᠤ᠋ᠨ ᠶᠠᠪᠤᠳᠠᠯ ᠪᠤᠰᠤ᠂ ᠬᠣᠢᠴᠢ ᠡᠳᠦᠷ ᠡᠢᠮᠦ ᠵᠦᠢᠯ ᠢ᠋ ᠪᠠᠬᠠᠨ ᠪᠣᠳᠣᠯᠬᠢᠯᠠ᠂ ᠬᠣᠲᠠᠨ ᠳ᠋ᠤᠷ ᠰᠠᠭᠤᠭᠴᠢᠳ ᠢ᠋ ᠲᠠᠯ᠎ᠠ ᠳ᠋ᠤᠷ ᠨᠤᠲᠤᠭᠯᠠᠭᠤᠯᠬᠤᠢ ᠳ᠋ᠤᠷ ᠦᠯᠢᠳᠬᠡᠵᠦ ᠦᠯᠦ ᠪᠣᠯᠤᠮᠤᠢ᠂ ᠤᠰᠤᠨ ᠳ᠋ᠤᠷ ᠪᠠᠢᠭᠴᠢᠳ ᠢ᠋ ᠠᠭᠤᠯᠠᠨ ᠳ᠋ᠤᠷ ᠠᠪᠠᠴᠢᠬᠤᠢ ᠳ᠋ᠤᠷ ᠠᠳᠠᠯᠢᠳᠬᠠᠨ ᠦᠯᠦ ᠪᠣᠯᠤᠮᠤᠢ᠃ ᠲᠡᠳᠡᠭᠡᠷ ᠠᠷᠠᠳ ᠲᠡᠷᠡ ᠣᠷᠣᠨ ᠠ᠋ᠴᠠ ᠪᠠᠨ ᠰᠠᠯᠪᠠᠰᠤ ᠳᠠᠷᠤᠢ ᠬᠥᠷᠥᠩᠭᠡ ᠪᠡᠨ ᠠᠯᠳᠠᠵᠤ ᠠᠷᠭ᠎ᠠ ᠪᠠᠨ ᠰᠣᠯᠢᠭᠤᠳᠠᠮᠤᠢ᠃ ᠳᠡᠯᠡᠬᠡᠢ ᠳ᠋ᠠᠬᠢᠨ ᠢ᠋ ᠡᠵᠡᠯᠡᠬᠦᠢ ᠢᠨᠦ ᠬᠥᠮᠦᠨ ᠢ᠋ ᠡᠵᠡᠯᠡᠬᠦᠢ ᠳ᠋ᠦ᠍ᠷ ᠪᠣᠢ᠂ ᠬᠥᠮᠦᠨ ᠢ᠋ ᠡᠵᠡᠯᠡᠬᠦ ᠢᠨᠦ ᠬᠥᠮᠦᠨ ᠦ᠌ ᠰᠡᠳᠬᠢᠯ ᠢ᠋ ᠡᠵᠡᠯᠡᠬᠦᠢ ᠳ᠋ᠦ᠍ᠷ ᠪᠣᠢ᠂ ᠬᠥᠮᠦᠨ ᠦ᠌ ᠰᠡᠳᠬᠢᠯ ᠢ᠋ ᠣᠯᠪᠠᠰᠤ ᠳᠠᠷᠤᠢ ᠳᠡᠯᠡᠬᠡᠢ ᠳ᠋ᠠᠬᠢᠨ ᠢ᠋ ᠣᠯᠪᠠ ᠬᠡᠮᠡᠮᠦᠢ᠂ ᠬᠥᠮᠦᠨ ᠦ᠌ ᠰᠡᠳᠬᠢᠯ ᠢ᠋ ᠠᠯᠳᠠᠪᠠᠰᠤ ᠳᠠᠷᠤᠢ ᠳᠡᠯᠡᠬᠡᠢ ᠳ᠋ᠠᠬᠢᠨ ᠢ᠋ ᠠᠯᠳᠠᠪᠠ ᠬᠡᠮᠡᠮᠦᠢ᠃ ᠬᠥᠮᠦᠨ ᠦᠭᠡᠢ ᠭᠠᠵᠠᠷ ᠬᠥᠮᠦᠨ ᠦᠯᠦ ᠪᠣᠯᠤᠮᠤᠢ᠂ ᠬᠥᠮᠦᠨ ᠠᠬᠤ ᠭᠠᠵᠠᠷ ᠲᠤᠷ ᠬᠥᠮᠦᠨ ᠰᠠᠶᠢ ᠬᠤᠷᠠᠮᠤᠢ᠃ ᠬᠥᠮᠦᠨ ᠦ᠌ ᠭᠠᠳᠠᠭᠠᠳᠤ ᠳᠦᠷᠰᠦ ᠠᠶᠤᠨ ᠳᠠᠭᠠᠪᠠᠴᠤ ᠳᠣᠲᠣᠭᠠᠳᠤ ᠰᠡᠳᠬᠢᠯ ᠡᠰᠡ ᠰᠢᠲᠦᠭᠰᠡᠨ ᠢ᠋ ᠢᠨᠦ ᠬᠠᠭᠤᠷᠮᠠᠭ ᠬᠡᠮᠡᠮᠦᠢ᠂ ᠳᠣᠲᠣᠭᠠᠳᠤ ᠰᠡᠳᠬᠢᠯ ᠡᠴᠡ ᠳᠠᠭᠠᠭᠰᠠᠨ ᠢ᠋ ᠠᠨᠤ ᠰᠠᠶᠢ ᠳᠠᠭᠠᠪᠠ ᠬᠡᠮᠡᠮᠦᠢ᠃ ᠳᠡᠯᠡᠬᠡᠢ ᠳ᠋ᠠᠬᠢᠨ ᠢ᠋ ᠨᠡᠢᠭᠡᠮᠯᠡᠬᠦᠢ ᠳ᠋ᠦ᠍ᠷ ᠬᠡᠳᠦᠢ ᠡᠷᠬᠡ ᠬᠦᠴᠦᠨ ᠣᠷᠣᠬᠤ ᠦᠭᠡᠢ ᠪᠡᠷ ᠦᠯᠦ ᠪᠣᠯᠬᠤ ᠪᠣᠯᠪᠠᠴᠤ ᠲᠡᠷᠡ ᠡᠷᠬᠡ ᠬᠦᠴᠦᠨ ᠢ᠋ ᠬᠡᠷᠡᠭᠯᠡᠬᠦ ᠢᠨᠦ ᠨᠡᠢᠲᠡ ᠪᠡᠷ ᠴᠥᠮ ᠬᠠᠭᠤᠷᠮᠠᠭ ᠳᠦᠷᠰᠦ᠂ ᠠᠷᠭ᠎ᠠ ᠤᠬᠠᠭᠠᠨ ᠢ᠋ᠶ᠋ᠠᠷ ᠰᠢᠳᠦᠨ ᠪᠢᠰᠢᠷᠡᠭᠦᠯᠬᠦ ᠢᠨᠦ ᠴᠣᠬᠣᠮ ᠨᠤᠲᠠ᠂ ᠠᠷᠪᠠᠨ ᠬᠤᠪᠢ ᠶ᠋ᠢᠨ ᠳᠡᠯᠡᠬᠡᠢ ᠳ᠋ᠠᠬᠢᠨ ᠢ᠋ ᠨᠠᠢ᠍ᠮᠠᠨ ᠬᠤᠪᠢ ᠶ᠋ᠢ ᠰᠦᠷ ᠢ᠋ᠶ᠋ᠡᠷ ᠠᠶᠤᠯᠭᠠᠵᠤ᠂ ᠬᠡᠰᠢᠭ ᠢ᠋ᠶ᠋ᠡᠷ ᠡᠯᠰᠡᠨ ᠪᠢᠰᠢᠷᠡᠭᠦᠯᠦᠮᠦᠢ᠃ ᠬᠣᠶᠠᠷ ᠬᠤᠪᠢ ᠶ᠋ᠢ ᠠᠨᠤ ᠲᠡᠭᠦᠨ ᠦ᠌ ᠥᠪᠡᠰᠦᠪᠡᠨ ᠰᠠᠷᠠᠨ ᠮᠡᠳᠡᠬᠦ ᠶ᠋ᠢ ᠬᠦᠯᠢᠶᠡᠮᠦᠢ᠃ ᠡᠢᠮᠦ ᠪᠣᠯᠪᠠᠰᠤ ᠰᠠᠶᠢ ᠡᠷ᠎ᠡ ᠬᠥᠮᠦᠨ ᠦ᠌ ᠤᠳᠠᠭᠠᠨ ᠤᠷᠲᠤ ᠠᠷᠭ᠎ᠠ᠂ ᠪᠢ ᠴᠢᠮᠠᠶ᠋ᠢ ᠰᠡᠪ ᠰᠠᠶᠢ ᠳᠠᠭᠠᠭᠤᠯᠤᠨ ᠴᠡᠷᠢᠭ ᠲᠦ᠍ᠷ ᠭᠠᠷᠤᠭᠠᠳ ᠴᠢ ᠡᠨᠡ ᠮᠡᠲᠦ ᠬᠠᠲᠠᠭᠤ ᠬᠡᠷᠡᠭ ᠢ᠋ ᠦᠢᠯᠡᠳᠦᠭᠰᠡᠨ ᠢᠨᠦ ᠶᠡᠬᠡ ᠴᠡᠷᠢᠭ ᠦ᠋ᠨ ᠵᠠᠩᠵᠤᠨ ᠪᠣᠯᠬᠤᠢ ᠳ᠋ᠤᠷ ᠬᠡᠳᠦᠢ ᠠᠯᠳᠠᠰᠢ ᠦᠭᠡᠢ ᠪᠠᠭᠠᠲᠤᠷ ᠪᠡᠬᠢ ᠪᠣᠯᠪᠠᠴᠤ ᠤᠷᠲᠤᠳᠠ ᠤᠯᠤᠰ ᠤ᠋ᠨ ᠡᠵᠡᠨ ᠪᠣᠯᠬᠤ ᠳ᠋ᠤᠷ ᠬᠠᠷᠰᠢᠮᠤᠢ᠃ ᠴᠢ ᠡᠳᠦᠭᠡ ᠪᠠᠰᠠ ᠬᠣᠷᠢᠨ ᠨᠠᠰᠤ ᠭᠠᠷᠪᠠ᠂ ᠡᠵᠡᠨ ᠪᠣᠯᠬᠤ ᠰᠠᠢᠳ ᠪᠣᠯᠬᠤ ᠰᠠᠨᠠᠭᠠᠨ ᠬᠣᠶᠠᠷ ᠥᠪᠡᠷ᠎ᠡ ᠪᠣᠯᠠᠢ᠃ ᠡᠭᠦᠨ ᠡᠴᠡ ᠬᠣᠵᠢᠮ ᠬᠢᠴᠢᠶᠡᠨ ᠰᠠᠨᠠᠪᠠᠰᠤ ᠵᠣᠬᠢᠮᠤᠢ! 》ᠭᠡᠮᠡᠨ ᠰᠤᠷᠭᠠᠨ ᠳᠥᠷᠪᠡᠨ ᠬᠥᠪᠡᠭᠦᠨ ᠨᠢᠭᠡᠨ ᠵᠢᠭᠡ ᠨᠢᠭᠡᠨ ᠬᠦᠷᠭᠡᠨ ᠵᠢᠷᠭᠤᠭᠤᠯᠠ ᠬᠠᠮᠲᠤ ᠮᠥᠷᠭᠥᠪᠡ᠃ ᠣᠯᠠᠨ ᠰᠠᠢᠳ ᠪᠦᠭᠦᠳᠡᠭᠡᠷ ᠭᠠᠢᠬᠠᠯᠳᠤᠪᠠ᠃ ᠳᠠᠷᠤᠢ ᠡᠨᠡ ᠤᠳᠠᠭ᠎ᠠ ᠶᠡᠬᠡ ᠠᠶᠠᠨ᠎ᠠ ᠭᠠᠷᠴᠤ ᠳᠠᠭᠠᠭᠤᠯᠤᠭᠰᠠᠨ ᠣᠯᠠᠨ ᠤᠯᠤᠰ ᠤ᠋ᠨ ᠡᠷᠭᠦᠭᠰᠡᠨ ᠠᠯᠪᠠ ᠶ᠋ᠢᠨ ᠬᠡᠳᠦᠨ ᠲᠦᠮᠡᠨ ᠲᠡᠷᠭᠡ ᠡᠳ᠋ ᠡᠷᠳᠡᠨᠢ ᠶ᠋ᠢ ᠣᠪᠣᠭᠠᠯᠠᠵᠤ᠂ ᠴᠥᠮ ᠤᠨᠤᠨ ᠮᠥᠷᠡᠨ ᠦ᠌ ᠵᠠᠬ᠎ᠠ ᠳ᠋ᠤᠷ ᠣᠯᠠᠨ ᠤᠯᠤᠰ ᠠᠢᠮᠠᠭ ᠲᠤᠷ ᠱᠠᠩᠨᠠᠬᠤ ᠪᠠᠷ ᠪᠡᠯᠡᠳᠬᠡᠵᠦ ᠠᠪᠠᠴᠢᠪᠠ᠃  
       ᠲᠡᠳᠦᠢ ᠦᠭᠡ ᠶ᠋ᠢ ᠡᠭᠡᠭᠦᠯᠵᠦ ᠤᠷᠢᠳᠤ ᠵᠢᠯ ᠡᠴᠡ ᠬᠡᠯᠡᠬᠦ ᠢᠨᠣ᠂ ᠸᠠᠩᠭᠦᠪ ᠠᠢᠮᠠᠭ ᠤ᠋ᠨ ᠳᠠᠴᠢᠩᠬᠤᠷᠯᠤ᠂ ᠪᠦᠲᠦᠨ᠎ᠡ ᠶ᠋ᠢᠨ ᠢᠯᠠᠭᠤᠭᠰᠠᠨ ᠨᠠᠷ ᠴᠥᠮ ᠬᠣᠲᠠ ᠬᠦᠷᠢᠶ᠎ᠡ ᠤᠷᠲᠤ ᠬᠠᠷᠰᠢ ᠶ᠋ᠢᠨ ᠤᠴᠢᠷ ᠢ᠋ ᠤᠷᠤᠯᠳᠤᠨ᠂ ᠳᠠᠷᠤᠢ ᠯᠦᠸ᠋ᠸ ᠽᠢ ᠴᠧᠩ ᠦ᠋ᠨ ᠢᠷᠭᠡᠨ᠂ ᠯᠢ ᠴᠢᠯᠢ ᠬᠣᠷᠣᠭ᠎ᠠ ᠶ᠋ᠢᠨ ᠢᠷᠭᠡᠨ ᠳᠣᠯᠣᠭᠠᠨ ᠲᠦᠮᠡᠨ ᠢᠯᠡᠭᠦᠦ ᠶ᠋ᠢ ᠲᠡᠵᠢᠭᠡᠵᠦ᠂ ᠬᠣᠲᠠ ᠮᠠᠨᠳᠠᠯ ᠴᠣᠭᠴᠠᠯᠠᠵᠤ ᠬᠣᠷᠢᠨ ᠬᠣᠷᠣᠭ᠎ᠠ ᠪᠡᠯᠡᠳᠬᠡᠪᠡ᠃ ᠲᠡᠭᠷᠢ ᠡᠯᠡᠰᠦᠨ ᠦ᠌ ᠡᠮᠦᠨ᠎ᠡ ᠴᠢᠯᠠᠭᠤᠲᠤ ᠠᠭᠤᠯᠠ ᠶ᠋ᠢᠨ ᠥᠪᠥᠷ ᠶᠡᠬᠡ ᠮᠣᠳᠣᠨ ᠢ᠋ ᠲᠡᠷᠭᠡ ᠪᠡᠷ ᠵᠥᠭᠡᠭᠡᠵᠦ᠂ ᠭᠡᠷ ᠶᠠᠮᠤᠨ ᠲᠠᠭᠲᠤ ᠠᠰᠠᠷ ᠢ᠋ ᠪᠠᠷᠢᠭᠤᠯᠵᠤ᠂ ᠤᠯᠤᠰ ᠤ᠋ᠨ ᠬᠣᠭᠣᠷᠣᠨᠳᠣ ᠶ᠋ᠢᠨ ᠬᠡᠷᠡᠭ ᠢ᠋ ᠵᠥᠪᠯᠡᠬᠦ ᠪᠠᠭᠤᠳᠠᠯ ᠂ ᠴᠡᠷᠢᠭ ᠬᠤᠶᠠᠭ ᠢ᠋ ᠪᠠᠢᠴᠠᠭᠠᠨ ᠦᠵᠡᠬᠦ ᠣᠷᠣᠨ᠂ ᠪᠤᠰᠤ ᠪᠠᠭᠤᠳᠠᠯ ᠢ᠋ ᠴᠥᠮ ᠥᠷᠭᠥᠭᠡ ᠭᠡᠷ ᠦ᠋ᠨ ᠳᠣᠪᠣ  ᠪᠠ ᠴᠠᠴᠠᠷ ᠲᠠᠭᠲᠤ ᠲᠥᠭᠥᠷᠢᠭᠯᠡᠨ ᠪᠠᠢᠭᠤᠯᠵᠤ᠂ ᠮᠠᠨᠳᠠᠯ ᠤ᠋ᠨ ᠬᠠᠵᠠᠭᠤᠳᠠ ᠮᠥᠨ ᠴᠣᠭᠴᠠᠯᠠᠨ᠂ ᠬᠣᠷᠢᠨ ᠨᠠᠢ᠍ᠮᠠᠨ ᠬᠣᠷᠢᠶ᠎ᠠ ᠬᠦᠷᠢᠶ᠎ᠡ ᠶ᠋ᠢ ᠴᠥᠮ ᠰᠢᠷᠣᠢ ᠶ᠋ᠢᠨ ᠬᠣᠲᠠ ᠴᠣᠭᠴᠠᠯᠠᠭᠤᠯᠤᠨ᠂ ᠨᠡᠢᠲᠡ ᠶ᠋ᠢ ᠪᠦᠷᠢᠳᠬᠡᠵᠦ ᠮᠥᠨ ᠬᠦ᠌ ᠬᠣᠷᠢᠨ ᠨᠢᠭᠡᠨ ᠪᠠᠭᠤᠳᠠᠯ ᠳ᠋ᠤᠷ ᠶᠡᠬᠡ ᠤᠨᠠᠭᠤᠯᠢ ᠬᠣᠲᠠ ᠴᠣᠭᠴᠠᠯᠠᠨ ᠬᠣᠶᠠᠷ ᠣᠨ ᠤ᠋ ᠵᠠᠪᠰᠠᠷ ᠲᠤᠷ ᠪᠠᠲᠤ ᠪᠡᠬᠢ ᠪᠡᠷ ᠳᠡᠯᠡᠳᠦᠨ ᠴᠣᠬᠢᠵᠤ ᠭᠠᠷᠭᠠᠪᠠ᠃ ᠬᠡᠳᠦᠢᠪᠡᠷ ᠡᠮᠦᠨ᠎ᠡ ᠭᠠᠵᠠᠷ ᠤ᠋ᠨ ᠮᠡᠲᠦ ᠨᠠᠷᠢᠨ ᠤᠷᠠᠨ ᠪᠤᠰᠤ ᠪᠣᠯᠪᠠᠴᠤ ᠥᠨᠳᠥᠷ ᠶᠡᠬᠡ ᠢᠨᠦ ᠠᠷᠤ ᠭᠠᠵᠠᠷ᠎ᠠ ᠦᠨᠡᠬᠡᠷ ᠭᠠᠷᠤᠭᠠᠳᠤᠢ ᠳᠦᠷᠢᠮᠲᠦ ᠪᠣᠯᠵᠤ᠂ ᠬᠣᠷᠢᠨ ᠬᠣᠷᠣᠭ᠎ᠠ ᠶ᠋ᠢᠨ ᠳᠣᠲᠣᠭᠠᠳᠤ ᠪᠠᠭᠤᠳᠠᠯ ᠤ᠋ᠨ ᠨᠠᠢ᠍ᠮᠠᠨ ᠮᠢᠩᠭᠠᠨ ᠢᠯᠡᠭᠦᠦ ᠶᠡᠬᠡ ᠥᠷᠭᠥᠭᠡ ᠶ᠋ᠢ ᠴᠥᠮ ᠰᠢᠨ᠎ᠡ ᠪᠠᠢᠭᠤᠯᠵᠤ᠂ ᠭᠤᠷᠪᠠᠨ ᠳᠠᠪᠬᠤᠷ ᠠᠩᠭᠢᠯᠠᠨ ᠪᠠᠷᠢᠭᠠᠳ ᠪᠤᠰᠤ ᠠᠰᠠᠷ ᠲᠤᠷ ᠪᠠᠰᠠ ᠪᠥᠰ᠂ ᠠᠷᠠᠰᠤ ᠶ᠋ᠢᠨ ᠵᠦᠢᠯ ᠢ᠋ ᠣᠷᠣᠭᠤᠯᠤᠨ ᠬᠢᠭᠰᠡᠨ ᠢᠨᠦ ᠠᠳᠠᠪᠠᠰᠢ ᠤᠷᠠᠨ ᠨᠠᠷᠢᠨ᠂ ᠰᠠᠩ ᠬᠥᠮᠥᠷᠭᠡ ᠶ᠋ᠢ ᠥᠨᠳᠥᠷ ᠭᠠᠵᠠᠷ ᠪᠠᠢᠭᠤᠯᠵᠤ ᠂ ᠪᠠᠭᠤᠳᠠᠯ ᠰᠠᠭᠤᠳᠠᠯ ᠢ᠋ ᠬᠣᠲᠣᠭᠣᠷ ᠣᠷᠣᠨ ᠢ᠋ ᠡᠷᠢᠭᠦᠯᠵᠦ᠂ ᠸᠠᠭᠠᠷ ᠲᠣᠭᠣᠰᠬ᠎ᠠ ᠬᠣᠲᠠ ᠪᠠᠯᠭᠠᠳ ᠠ᠋ᠴᠠ ᠬᠠᠷᠢᠨ ᠥᠪᠡᠷ᠎ᠡ ᠨᠢᠭᠡᠨ ᠵᠦᠢᠯ ᠦ᠋ᠨ ᠳᠥᠭᠥᠮ ᠰᠣᠨᠢᠨ ᠤ᠋ ᠭᠠᠢᠬᠠᠯ ᠪᠣᠢ᠃ ᠸᠠᠭᠠᠷ ᠲᠣᠭᠣᠰᠬ᠎ᠠ ᠨᠢᠭᠡᠨ ᠬᠤᠪᠢ᠂ ᠴᠢᠯᠠᠭᠤ ᠲᠡᠮᠦᠷ ᠲᠠᠪᠤᠨ ᠬᠤᠪᠢ᠂ ᠰᠢᠪᠠᠷ ᠡᠯᠡᠰᠦ ᠬᠤᠮᠠᠭ ᠠᠷᠪᠠᠨ ᠬᠤᠪᠢ᠂ ᠮᠣᠳᠣ ᠢᠰᠡᠭᠡᠢ ᠪᠥᠰ ᠲᠣᠷᠭ᠎ᠠ ᠶ᠋ᠢ ᠬᠡᠷᠡᠭᠯᠡᠭᠰᠡᠨ ᠢ᠋ᠶ᠋ᠡᠷ ᠥᠪᠡᠷ᠎ᠡ ᠨᠢᠭᠡᠨ ᠵᠦᠢᠯ ᠦ᠋ᠨ ᠭᠠᠢᠬᠠᠮᠰᠢᠭ᠍ᠲᠤ ᠥᠨᠢᠶᠠᠷ ᠮᠠᠨᠠᠨ ᠪᠦᠷᠬᠦᠵᠦᠬᠦᠢ᠃ ᠲᠠᠴᠢᠩᠬᠤᠷᠯᠤ ᠦᠢᠯᠡᠳᠴᠦ ᠪᠠᠷᠠᠭᠠᠳ ᠪᠠᠰᠠ ᠳᠠᠬᠢᠨ ᠳᠠᠬᠢᠨ ᠪᠣᠳᠣᠵᠤ ᠲᠠᠢᠽᠦ ᠶ᠋ᠢᠨ ᠴᠡᠷᠢᠭ ᠦᠵᠡᠬᠦ ᠲᠠᠯᠠᠪᠤᠷ ᠪᠠ ᠵᠠᠩᠵᠤᠨ ᠰᠢᠯᠭᠠᠬᠤ ᠣᠷᠣᠨ᠂ ᠭᠠᠳᠠᠭᠠᠳᠤ ᠤᠯᠤᠰ ᠤ᠋ᠨ ᠡᠯᠴᠢ ᠳ᠋ᠦ᠍ᠷ ᠵᠣᠯᠭᠠᠬᠤ ᠶᠠᠮᠤᠨ᠂ ᠥᠪᠡᠷ ᠦ᠋ᠨ ᠤᠯᠤᠰ ᠤ᠋ᠨ ᠶᠡᠬᠡᠰ ᠦ᠋ᠨ ᠵᠣᠯᠭᠠᠬᠤ ᠬᠣᠷᠢᠶ᠎ᠠ ᠨᠤᠭᠤᠳ ᠢ᠋ ᠨᠠᠷᠢᠪᠴᠢᠯᠠᠨ ᠪᠡᠯᠡᠳᠴᠦ ᠥᠪᠡᠷ ᠢ᠋ᠶ᠋ᠡᠨ ᠦᠵᠡᠵᠦ ᠥᠪᠡᠷ ᠢ᠋ᠶ᠋ᠡᠨ ᠪᠠᠶᠠᠷᠯᠠᠪᠠ᠃ ᠵᠢᠴᠢ ᠡᠳᠡᠭᠡᠷ ᠢ᠋ ᠦᠢᠯᠡᠳᠦᠨ ᠬᠢᠭᠰᠡᠨ ᠯᠦᠸᠧ ᠽᠢ ᠴᠧᠩ᠂ ᠯᠢ ᠴᠢᠯᠢ ᠶ᠋ᠢᠨ ᠢᠷᠬᠡᠴᠦᠳ ᠠᠮᠢᠳᠤᠷᠠᠬᠤ ᠵᠣᠭᠣᠰ ᠣᠯᠵᠤ ᠬᠠᠷᠢᠨ ᠳᠡᠮᠡᠢ ᠶᠡᠬᠡ ᠦᠬᠦᠵᠦ ᠪᠤᠰᠠᠨᠢᠬᠤᠢ ᠳ᠋ᠤᠷ ᠬᠦᠷᠦᠭᠰᠡᠨ ᠦᠭᠡᠢ᠃ ᠡᠨᠡ ᠪᠠᠭᠤᠳᠠᠯ ᠡᠷᠭᠢᠨ ᠲᠣᠭᠣᠷᠢᠨ ᠭᠤᠴᠢᠨ ᠭᠠᠵᠠᠷ᠂ ᠴᠡᠷᠢᠭ ᠦ᠋ᠨ ᠬᠦᠷᠢᠶ᠎ᠡ ᠶ᠋ᠢ ᠮᠥᠨ ᠭᠤᠷᠪᠠᠨ ᠳᠠᠪᠬᠤᠷ ᠤᠨᠠᠭᠤᠯᠢ ᠲᠠᠢ ᠪᠡᠯᠡᠳᠦᠭᠰᠡᠨ ᠳ᠋ᠦ᠍ᠷ ᠮᠠᠰᠢ ᠪᠠᠲᠤ ᠪᠡᠬᠢ ᠪᠠᠬᠠᠷᠬᠠᠯᠲᠠᠢ ᠰᠠᠢᠬᠠᠨ᠃ ᠬᠡᠷᠡᠮ ᠬᠦᠷᠢᠶ᠎ᠡ ᠴᠥᠮ ᠰᠢᠷᠣᠢ ᠪᠣᠯᠪᠠᠴᠤ ᠳᠡᠯᠡᠳᠦᠭᠰᠡᠨ ᠢᠨᠦ ᠬᠣᠲᠠ ᠮᠡᠲᠦ ᠥᠷᠭᠡᠨ ᠲᠤᠯᠠ ᠥᠨᠳᠥᠷ ᠪᠥᠭᠡᠳ ᠰᠦᠷ ᠲᠡᠢ᠃ ᠨᠡᠩ ᠪᠠᠰᠠ ᠥᠷᠭᠥᠭᠡ ᠮᠠᠢᠬᠠᠨ᠂ ᠴᠠᠴᠠᠷ ᠲᠠᠭᠲᠤ ᠵᠦᠢᠯ ᠳ᠋ᠦ᠍ᠷ ᠬᠣᠢᠲᠤ ᠤᠯᠤᠰ ᠤ᠋ᠨ ᠬᠤᠷᠴᠠ ᠰᠦᠷ ᠮᠠᠰᠢ ᠢᠯᠡᠷᠡᠪᠡᠢ᠃ ᠪᠠᠰᠠ ᠵᠦᠢᠯ ᠵᠦᠢᠯ ᠦ᠋ᠨ ᠡᠷᠳᠡᠨᠢᠰ ᠢ᠋ᠶ᠋ᠡᠷ ᠡᠭᠦᠳᠴᠦ ᠬᠢᠭᠰᠡᠨ ᠦ᠌ ᠲᠤᠯᠠ ᠭᠡᠷᠡᠯ ᠰᠠᠴᠤᠷᠠᠨ ᠨᠢᠳᠦᠨ ᠢ᠋ ᠭᠢᠯᠪᠠᠰᠴᠤ ᠰᠡᠳᠬᠢᠯ ᠢ᠋ ᠬᠥᠳᠡᠯᠭᠡᠮᠦᠢ᠃ ᠳᠠᠪᠬᠤᠷ ᠥᠷᠭᠥᠭᠡ ᠥᠨᠳᠥᠷ ᠴᠠᠴᠠᠷ ᠤ᠋ᠨ ᠪᠠᠢᠳᠠᠯ ᠬᠥᠬᠡ ᠤᠨᠢᠶᠠᠷ ᠤ᠋ᠨ ᠳᠣᠲᠣᠷ᠎ᠠ ᠵᠡᠷᠭᠡᠯᠡᠵᠦ᠂ ᠲᠤᠭ ᠬᠢᠭᠢᠷᠢ ᠥᠨᠳᠥᠷ ᠦᠵᠡᠰᠬᠦᠯᠡᠩ ᠡᠯᠭᠦᠵᠦ ᠮᠠᠰᠢ ᠰᠦᠷ ᠵᠢᠪᠬᠤᠯᠠᠩᠲᠠᠢ᠃ ᠨᠡᠩ ᠪᠠᠰᠠ ᠣᠯᠠᠨ ᠬᠥᠮᠦᠨ ᠬᠥᠭᠵᠢᠯᠳᠦᠨ᠂ ᠠᠨᠭ᠍ᠲᠠ ᠮᠣᠷᠢᠳ ᠢ᠋ ᠰᠣᠷᠢᠨ᠂ ᠴᠡᠷᠢᠭ ᠬᠤᠶᠠᠭ ᠢ᠋ ᠪᠣᠯᠪᠠᠰᠤᠷᠠᠭᠤᠯᠬᠤ ᠠᠨᠤ ᠮᠠᠰᠢ ᠭᠠᠢᠬᠠᠮᠰᠢᠭ᠋᠃ ᠠᠷᠤ ᠭᠠᠵᠠᠷ ᠡᠨᠡ ᠬᠡᠳᠦᠨ ᠵᠢᠯ ᠬᠡᠳᠦᠢ ᠲᠠᠢᠽᠦ ᠶ᠋ᠢᠨ ᠬᠡᠰᠢᠭ ᠲᠣᠷ ᠠᠯᠲᠠᠨ ᠲᠣᠷᠭ᠎ᠠ ᠡᠯᠪᠡᠭ ᠪᠣᠯᠪᠠᠴᠤ ᠡᠢᠨ ᠬᠦ᠌ ᠶᠠᠪᠤᠳᠠᠯ ᠭᠠᠷᠤᠭᠠᠳᠤᠢ ᠲᠤᠯᠠ ᠡᠳᠦᠭᠡ ᠡᠨᠡ ᠦᠢᠮᠡᠭᠡᠨ ᠪᠠ ᠭᠡᠷ ᠬᠣᠷᠣᠭ᠎ᠠ ᠶ᠋ᠢ ᠦᠵᠡᠭᠡᠳ ᠬᠣᠢᠲᠤ ᠭᠠᠵᠠᠷ ᠤ᠋ᠨ ᠠᠷᠠᠳ ᠡᠰᠡ ᠭᠠᠢᠬᠠᠨ ᠦᠯᠦ ᠪᠢᠰᠢᠷᠡᠬᠦ ᠢᠨᠦ ᠦᠭᠡᠢ᠃ 
       ᠲᠡᠳᠦᠢ ᠣᠯᠠᠨ ᠭᠠᠳᠠᠭᠠᠳᠤ ᠤᠯᠤᠰ ᠠᠢᠮᠠᠭ ᠪᠣᠯᠪᠠᠴᠤ ᠡᠭᠦᠨ ᠢ᠋ ᠦᠵᠡᠭᠡᠳ ᠤᠷᠠᠯᠠᠬᠤ ᠪᠦᠲᠦᠬᠦᠢ ᠳ᠋ᠦ᠍ᠷ ᠪᠡᠷᠬᠡ᠂ ᠰᠦᠢᠳᠬᠦ ᠡᠪᠳᠡᠬᠦᠢ ᠳ᠋ᠦ᠍ᠷ ᠲᠦᠷᠭᠡᠨ ᠭᠡᠮᠡᠨ ᠴᠥᠮ ᠭᠠᠢᠬᠠᠯᠳᠤᠪᠠ᠃ ᠲᠡᠳᠦᠢ ᠪᠠᠰᠠ ᠤᠨᠤᠨ ᠮᠥᠷᠡᠨ ᠳ᠋ᠦ᠍ᠷ ᠡᠴᠢᠵᠦ ᠡᠷᠭᠦᠨ ᠳᠠᠬᠢᠳᠠᠭ ᠬᠥᠭᠥᠷᠭᠡ ᠶ᠋ᠢ ᠪᠠᠰᠠ ᠳᠥᠷᠪᠡᠨ ᠬᠣᠣᠰ ᠠᠯᠲᠠᠨ ᠶᠡᠬᠡᠳᠬᠡᠵᠦ ᠡᠭᠦᠳᠦᠨ ᠪᠠᠷᠢᠪᠠ᠃ ᠡᠨᠡ ᠦᠶ᠎ᠡ ᠳ᠋ᠦ᠍ᠷ ᠳᠥᠷᠪᠡᠨ ᠵᠦᠭ ᠦ᠋ᠨ ᠳᠠᠭᠠᠭᠰᠠᠨ ᠠᠷᠠᠳ ᠵᠠᠷᠯᠠᠯ ᠢ᠋ ᠳᠠᠭᠠᠵᠤ ᠬᠤᠷᠠᠯᠳᠤᠨ ᠢᠷᠡᠵᠦ ᠲᠠᠪᠤᠨ ᠵᠠᠭᠤᠨ ᠭᠠᠵᠠᠷ ᠤᠷᠲᠤ᠂ ᠭᠤᠷᠪᠠᠨ ᠵᠠᠭᠤᠨ ᠭᠠᠵᠠᠷ ᠥᠷᠭᠡᠨ ᠢ᠋ᠶ᠋ᠡᠷ ᠤᠨᠤᠨ ᠮᠥᠷᠡᠨ ᠦ᠌ ᠵᠠᠬ᠎ᠠ ᠳ᠋ᠤᠷ ᠴᠤᠭᠯᠠᠨ ᠢᠷᠡᠵᠦ ᠬᠦᠷᠢᠶ᠎ᠡ ᠪᠠᠭᠤᠭᠰᠠᠨ ᠠᠨᠤ ᠠᠭᠤᠯᠠ ᠲᠠᠯ᠎ᠠ ᠶ᠋ᠢ ᠪᠦᠷᠬᠦᠵᠦ ᠰᠥᠨᠢ ᠶ᠋ᠢᠨ ᠵᠤᠯᠠ ᠭᠡᠷᠡᠯ ᠳ᠋ᠦ᠍ᠷ ᠭᠠᠵᠠᠷ ᠤ᠋ᠨ ᠣᠳᠣᠨ ᠵᠡᠷᠭᠡᠯᠡᠭᠰᠡᠨ ᠮᠡᠲᠦ ᠪᠣᠯᠵᠤᠬᠤᠢ᠃ ᠨᠡᠩ ᠪᠠᠰᠠ ᠡᠨᠡ ᠴᠢᠭᠤᠯᠭᠠᠨ ᠳ᠋ᠤᠷ ᠬᠤᠷᠠᠭᠰᠠᠨ ᠵᠠᠭᠤᠨ ᠲᠦᠮᠡ ᠪᠡᠷ ᠲᠠᠢᠽᠦ ᠶ᠋ᠢᠨ ᠬᠣᠲᠣᠩ ᠤ᠋ᠳ ᠲᠤᠷ ᠬᠦᠷᠴᠦ ᠲᠦᠭᠦᠬᠡᠢ ᠰᠢᠷᠮᠤ ᠶ᠋ᠢ ᠬᠡᠮᠬᠡ ᠬᠠᠷᠪᠤᠭᠰᠠᠨ ᠢ᠋ ᠳᠦᠷᠬᠢᠷᠡᠨ ᠬᠡᠯᠡᠯᠴᠡᠬᠦᠢ ᠳ᠋ᠦ᠍ᠷ ᠪᠧᠲ᠋ᠠ᠋ ᠤᠯᠤᠰ ᠤ᠋ᠨ ᠬᠣᠲᠠᠯᠠᠭᠠᠷ ᠲᠡᠭᠷᠢ ᠳ᠋ᠦ᠍ᠷ ᠵᠠᠯᠪᠠᠷᠢᠵᠤ ᠱᠠᠭᠰᠢᠯᠴᠠᠮᠤᠢ᠃ 
       ᠲᠡᠳᠦᠢ ᠵᠢᠨᠦᠩ ᠮᠤᠬᠤᠯᠢ ᠤᠷᠢᠳᠠ ᠢᠷᠡᠵᠦ ᠦᠵᠡᠭᠡᠳ ᠦᠢᠯᠡᠳᠦᠭᠰᠡᠨ ᠢᠨᠦ ᠰᠠᠢᠨ ᠠ᠋ᠴᠠ ᠬᠡᠲᠦᠷᠡᠭᠰᠡᠨ ᠲᠤᠯᠠ ᠳᠠᠴᠢᠩᠬᠤᠷᠯᠤ ᠶ᠋ᠢᠨ ᠤᠬᠠᠭᠠᠨ ᠬᠣᠯᠠ ᠶ᠋ᠢ ᠮᠡᠳᠡᠵᠦ ᠳᠡᠭᠡᠷ᠎ᠡ ᠪᠡᠨ ᠰᠠᠭᠤᠯᠭᠠᠨ ᠠᠷᠢᠬᠢ ᠪᠠᠷᠢᠨ ᠰᠠᠢᠰᠢᠶᠠᠨ ᠬᠥᠬᠢᠭᠦᠯᠵᠦ᠂ ᠦᠢᠮᠡᠭᠡᠨ ᠳ᠋ᠦ᠍ᠷ ᠵᠣᠪᠠᠭᠰᠠᠨ ᠠᠷᠠᠳ ᠲᠤᠷ ᠬᠦᠨᠳᠦ ᠱᠠᠩ ᠲᠠᠯᠪᠢᠵᠤ᠂ ᠪᠠᠰᠠ ᠨᠠᠢ᠍ᠮᠠᠨ ᠤ᠋ ᠳ᠋ᠠᠳᠠᠳᠤᠩᠭ᠎ᠠ ᠪᠠᠷ ᠶᠢᠰᠦᠨ ᠮᠡᠩᠭᠡ᠂ ᠨᠠᠢ᠍ᠮᠠᠨ ᠬᠦᠯᠢᠯ᠂ ᠲᠠᠪᠤᠨ ᠮᠠᠬᠠᠪᠣᠳ᠂ ᠳᠥᠷᠪᠡᠨ ᠴᠠᠭ ᠠᠭᠤᠷ ᠤ᠋ᠨ ᠵᠦᠢᠯ ᠢ᠋ ᠢᠯᠭᠠᠯᠭᠠᠨ ᠶᠡᠬᠡ ᠮᠠᠨᠳᠠᠯ ᠢ᠋ ᠵᠢᠷᠤᠭᠤᠯᠵᠤ᠂ ᠪᠠᠰᠠ ᠲᠤᠭ ᠬᠢᠭᠢᠷᠢ ᠬᠠᠯᠠᠵᠤ ᠬᠢᠯᠭᠡᠨ ᠤᠯᠤᠰ ᠲᠤᠷ ᠡᠭᠡᠵᠦ᠂ ᠶᠢᠰᠦᠨ ᠡᠩ᠂ ᠵᠢᠷᠭᠤᠭᠠᠨ ᠰᠠᠢᠳ᠂ ᠳᠥᠷᠪᠡᠨ ᠳᠡᠭᠦᠦ᠂ ᠳᠥᠷᠪᠡᠨ ᠪᠠᠭ᠎ᠠ ᠡᠵᠡᠳ᠂ ᠲᠠᠪᠤᠨ ᠪᠠᠷᠰ ᠤ᠋ᠨ ᠪᠠᠭᠠᠲᠤᠳ ᠢ᠋ ᠴᠤᠭᠯᠠᠭᠤᠯᠵᠤ᠂ ᠲᠠᠢᠽᠦ ᠶ᠋ᠢ ᠡᠨᠡ ᠵᠢᠯ ᠬᠡᠷᠬᠢᠪᠡᠴᠦ ᠬᠠᠭᠠᠨ ᠰᠠᠭᠤᠷᠢᠨ ᠳ᠋ᠤᠷ ᠰᠠᠭᠤᠯᠭᠠᠬᠤ ᠠᠷᠭ᠎ᠠ ᠶ᠋ᠢ ᠵᠥᠪᠯᠡᠬᠦᠢ ᠳ᠋ᠦ᠍ᠷ ᠤᠯᠤᠰ ᠤ᠋ᠨ ᠬᠣᠲᠠᠯᠠᠭᠠᠷ ᠡᠰᠡ ᠪᠠᠶᠠᠷᠯᠠᠬᠤ ᠪᠠᠷ ᠦᠭᠡᠢ᠂ ᠨᠡᠩ ᠬᠥᠭᠰᠢᠨ ᠨᠢᠯᠬ᠎ᠠ ᠪᠠᠷ ᠭᠠᠷ ᠰᠡᠷᠪᠡᠢᠨ ᠬᠥᠯ ᠳᠡᠪᠬᠡᠯᠦᠮᠦᠢ᠃ ᠲᠡᠳᠦᠢ ᠲᠠᠢᠽᠦ ᠶ᠋ᠢᠨ ᠳᠥᠷᠪᠡᠨ ᠳᠡᠭᠦᠦ ᠳᠥᠷᠪᠡᠨ ᠬᠥᠪᠡᠭᠦᠨ ᠨᠠᠷ ᠤ᠋ᠨ ᠪᠠᠶᠠᠷᠯᠠᠬᠤ ᠶ᠋ᠢ ᠨᠡᠩ ᠬᠡᠯᠡᠯᠴᠡᠬᠦ ᠬᠡᠷᠡᠭ ᠦᠭᠡᠢ᠂ ᠣᠯᠠᠨ ᠬᠥᠮᠦᠨ ᠭᠠᠭᠴᠠ ᠲᠠᠢᠽᠦ ᠦᠯᠦ ᠪᠣᠯᠬᠤ ᠠ᠋ᠴᠠ ᠵᠣᠪᠠᠭᠤᠷᠰᠢᠶᠠᠬᠤᠶ᠎ᠠ᠂ ᠲᠠᠢᠽᠦ ᠶ᠋ᠢᠨ ᠭᠤᠷᠪᠠᠳᠤᠭᠠᠷ ᠬᠥᠪᠡᠭᠦᠨ ᠥᠭᠡᠳᠡᠢ ᠢᠷᠡᠵᠦ ᠮᠤᠬᠤᠯᠢ ᠳ᠋ᠤᠷ ᠰᠡᠮᠡᠬᠡᠷ ᠥᠭᠦᠯᠡᠷᠦᠨ :《ᠵᠢᠨᠦᠩ ᠠᠬᠠᠢ ᠡᠨᠡ ᠬᠡᠷᠡᠭ ᠬᠡᠷᠬᠢᠨ ᠲᠣᠭᠲᠠᠪᠠ ?》 ᠮᠤᠬᠤᠯᠢ ᠥᠭᠦᠯᠡᠷᠦᠨ :《ᠪᠢ ᠭᠠᠭᠴᠠ ᠡᠵᠡᠨ ᠦ᠌ ᠦᠯᠦ ᠪᠣᠯᠬᠤ ᠠ᠋ᠴᠠ ᠠᠶᠤᠮᠤᠢ᠂ ᠤᠷᠢᠳᠠ ᠬᠡᠳᠦ ᠬᠡᠳᠦᠨ ᠤᠳᠠᠭ᠎ᠠ ᠳᠤᠷᠠᠳᠬᠠᠵᠤ ᠡᠪᠳᠡᠷᠡᠭᠰᠡᠨ ᠪᠥᠯᠥᠭᠡ᠃ ᠡᠳᠦᠭᠡ ᠪᠠᠭ᠎ᠠ ᠡᠵᠡᠨ ᠳ᠋ᠦ᠍ᠷ ᠶᠠᠮᠪᠠᠷ ᠰᠠᠢᠨ ᠠᠷᠭ᠎ᠠ ᠪᠣᠢ? 》 ᠥᠭᠡᠳᠡᠢ ᠥᠭᠦᠯᠡᠷᠦᠨ :《ᠪᠢ ᠪᠣᠳᠣᠭᠰᠠᠭᠠᠷ ᠨᠢᠭᠡᠨ ᠠᠷᠭ᠎ᠠ ᠣᠯᠪᠠ᠃ ᠥᠨᠥ ᠦᠵᠢᠨ ᠡᠮᠡᠭᠡ ᠳᠠᠯᠠᠨ ᠰᠡᠭᠦᠳᠡᠷ ᠭᠠᠷᠴᠤᠬᠤᠢ᠃ ᠡᠭᠦᠨ ᠳ᠋ᠦ᠍ᠷ ᠰᠢᠯᠲᠠᠵᠤ ᠳᠠᠷᠤᠢ ᠦᠵᠢᠨ ᠡᠮᠡᠭᠡ ᠪᠡᠷ ᠮᠤᠰᠬᠢᠨ ᠳᠣᠣᠷ᠎ᠠ ᠠ᠋ᠴᠠ ᠳᠥᠷᠪᠡᠨ ᠠᠪᠠᠭ᠎ᠠ ᠵᠢᠴᠢ ᠶᠢᠰᠦᠨ ᠡᠩ ᠬᠠᠮᠲᠤ ᠪᠠᠷ ᠱᠠᠭᠠᠷᠳᠠᠨ ᠬᠦᠴᠦᠯᠡᠪᠡᠰᠦ ᠯᠠᠪ ᠪᠦᠲᠦᠵᠦ ᠪᠣᠯᠤᠮᠤᠢ᠃ 》ᠮᠤᠬᠤᠯᠢ ᠶᠡᠬᠡᠯ᠎ᠡ ᠪᠠᠶᠠᠷᠯᠠᠨ ᠥᠭᠦᠯᠡᠷᠦᠨ :《ᠲᠡᠭᠷᠢᠰ ᠦ᠋ᠨ ᠦᠷᠡᠰ ᠬᠡᠮᠡᠭᠴᠢ ᠦᠨᠡᠬᠡᠷ ᠡᠩ ᠡᠴᠡ ᠥᠪᠡᠷ᠎ᠡ ᠠᠵᠤᠭᠤ! ᠪᠢ ᠬᠠᠷᠢᠨ ᠤᠮᠠᠷᠲᠠᠵᠤᠬᠤᠢ᠃ ᠦᠵᠢᠨ ᠡᠮᠡᠭᠡ ᠪᠡᠷ ᠳᠤᠷᠠᠳᠬᠠᠬᠤ ᠠᠨᠤ ᠲᠡᠷᠢᠭᠦᠨ ᠴᠢᠬᠤᠯᠠ ᠠᠷᠭ᠎ᠠ᠃ 》ᠭᠡᠮᠡᠨ ᠪᠦᠭᠦᠳᠡᠭᠡᠷ ᠪᠠᠶᠠᠷᠯᠠᠨ ᠪᠠᠰᠠ ᠣᠯᠠᠨ ᠲᠦᠮᠡᠨ ᠢ᠋ᠶ᠋ᠡᠷ ᠬᠠᠭᠠᠨ ᠰᠠᠭᠤᠯᠭᠠᠬᠤ ᠠᠷᠭ᠎ᠠ ᠶ᠋ᠢ ᠣᠯᠵᠤ ᠂ ᠳ᠋ᠠᠳᠠᠲᠤᠩᠭ᠎ᠠ ᠯᠤᠭ᠎ᠠ ᠡᠮᠦᠨ᠎ᠡ ᠭᠠᠵᠠᠷ ᠤ᠋ᠨ ᠬᠠᠭᠠᠨ ᠰᠠᠭᠤᠬᠤ ᠳᠦᠷᠢᠮ ᠬᠡᠮᠵᠢᠶ᠎ᠡ ᠶ᠋ᠢ ᠵᠥᠪᠯᠡᠬᠦᠢ ᠳ᠋ᠦ᠍ᠷ ᠳ᠋ᠠᠳᠠᠳᠤᠩᠭ᠎ᠠ ᠥᠭᠦᠯᠡᠷᠦᠨ : 《ᠡᠳ᠋ ᠪᠠᠷᠠᠭ᠎ᠠ ᠬᠡᠷᠡᠭᠯᠡᠯ ᠶᠡᠬᠡ ᠳᠦᠷᠢᠮ ᠪᠠᠢᠪᠠᠰᠤ ᠳᠠᠷᠤᠢ ᠪᠣᠯᠬᠤ ᠂ ᠭᠠᠭᠴᠠ ᠬᠠᠭᠠᠨ ᠳ᠋ᠤᠷ ᠠᠨᠤ ᠴᠢᠩ ᠲᠦᠰᠢᠮᠡᠳ ᠢ᠋ ᠬᠢᠨᠠᠨ ᠲᠣᠭᠲᠠᠭ᠎ᠠ᠂ ᠨᠡᠩ ᠪᠠᠰᠠ ᠮᠠᠨ ᠤ᠋ ᠡᠵᠡᠨ ᠢ᠋ ᠦᠵᠡᠬᠦᠢ ᠳ᠋ᠦ᠍ᠷ ᠮᠠᠭᠠᠳᠲᠠᠶ᠎ᠠ ᠲᠡᠭᠷᠢ ᠶ᠋ᠢᠨ ᠬᠥᠪᠡᠭᠦᠨ᠂ ᠯᠠᠪ ᠳᠡᠯᠡᠬᠡᠢ ᠳ᠋ᠠᠬᠢᠨ ᠢ᠋ ᠲᠡᠭᠰᠢᠯᠡᠮᠦᠢ᠂ ᠶᠡᠬᠡ ᠲᠥᠯᠥᠪ ᠢ᠋ ᠬᠡᠷᠡᠭᠯᠡᠬᠦ ᠳ᠋ᠦ᠍ ᠶᠠᠭᠤᠨᠠᠢ ᠵᠣᠪᠠᠮᠤᠢ ? ᠪᠢ ᠲᠡᠭᠷᠢ ᠶ᠋ᠢᠨ ᠪᠡᠯᠭᠡ ᠶ᠋ᠢ ᠦᠵᠡᠬᠦᠯ᠎ᠡ ᠳᠦᠷᠢᠮ ᠬᠡᠮᠵᠢᠶ᠎ᠡ ᠶᠣᠰᠣᠯᠠᠯ ᠬᠥᠭᠵᠢᠮ ᠬᠠᠷᠢᠨ ᠪᠠᠷᠤᠭ ᠪᠣᠯᠵᠤᠬᠤᠢ᠃ ᠭᠠᠭᠴᠠ ᠲᠡᠭᠷᠢ ᠶ᠋ᠢᠨ ᠬᠥᠪᠡᠭᠦᠨ ᠲᠡᠭᠷᠢ ᠶ᠋ᠢ ᠳᠠᠬᠢᠵᠤ ᠳᠡᠭᠡᠳᠦᠰ ᠢ᠋ ᠡᠷᠭᠦᠮᠵᠢᠯᠡᠬᠦᠶ᠎ᠡ ᠡᠷᠬᠡᠪᠰᠢ ᠠᠮᠢᠲᠠᠨ ᠤ᠋ ᠣᠬᠢ ᠵᠠᠭᠠᠨ ᠢ᠋ ᠣᠯᠬᠤ ᠬᠡᠷᠡᠭᠲᠡᠢ᠃ ᠡᠨᠡ ᠢᠨᠦ ᠦᠨᠡᠨ ᠲᠡᠭᠷᠢ ᠶ᠋ᠢᠨ ᠬᠥᠪᠡᠭᠦᠨ ᠦ᠌ ᠵᠠᠬᠢᠶ᠎ᠠ ᠶ᠋ᠢ ᠳᠠᠭᠠᠬᠤ ᠠᠳᠤᠭᠤᠰᠤ᠂ ᠲᠦᠮᠡᠨ ᠲᠦᠰᠢᠮᠡᠳ ᠦ᠋ᠨ ᠰᠠᠨᠠᠭᠠᠨ ᠢ᠋ ᠦᠨᠡᠮᠯᠡᠮᠦᠢ᠃ ᠡᠳᠦᠭᠡ ᠲᠥᠪᠡᠳ ᠡᠴᠡ ᠡᠰᠡ ᠠᠴᠢᠷᠠᠭᠰᠠᠨ ᠳ᠋ᠤᠷ ᠣᠷᠣᠰ ᠪᠠᠰᠠ ᠬᠣᠯᠠ᠂ ᠡᠮᠦᠨ᠎ᠡ ᠭᠠᠵᠠᠷ ᠨᠡᠩ ᠬᠣᠯᠠ ᠂ ᠵᠡᠭᠦᠨ ᠡᠲᠡᠭᠡᠳ ᠲᠣᠷ ᠦᠭᠡᠢ ᠂ ᠡᠭᠦᠨ ᠢ᠋ ᠬᠡᠷᠬᠢᠪᠡᠰᠦ ᠰᠠᠢᠨ?》ᠬᠡᠮᠡᠭᠰᠡᠨ ᠳ᠋ᠦ᠍ᠷ ᠴᠢᠪᠬᠢᠲᠡᠯ᠎ᠡ ᠪᠠᠯᠪᠤ ᠤᠯᠤᠰ ᠠ᠋ᠴᠠ ᠠᠯᠪᠠ ᠬᠦᠷᠭᠡᠵᠦ ᠢᠷᠡᠬᠦᠢ ᠳ᠋ᠦ᠍ᠷ ᠠᠷᠪᠠᠨ ᠶᠡᠬᠡ ᠵᠠᠭᠠᠨ ᠳ᠋ᠤᠷ ᠨᠠᠷᠢᠨ ᠪᠡᠯᠡᠭ ᠠᠴᠢᠭᠤᠯᠤᠨ ᠢᠷᠡᠵᠦᠬᠦᠢ᠃ ᠡᠭᠦᠨ ᠳ᠋ᠦ᠍ᠷ ᠳ᠋ᠠᠳᠠᠳᠤᠩᠭ᠎ᠠ ᠠᠯᠠᠭ᠎ᠠ ᠲᠡᠰᠢᠨ :《ᠦᠨᠡᠬᠡᠷ ᠲᠡᠭᠷᠢ ᠶ᠋ᠢᠨ ᠬᠥᠪᠡᠭᠦᠨ! 》ᠭᠡᠮᠡᠨ ᠳᠠᠯᠠᠢ ᠬᠡᠳᠦ ᠪᠢᠯᠬᠠᠪᠠᠢ ᠭᠡᠮᠡᠨ ᠭᠠᠢᠬᠠᠯᠳᠤᠪᠠ᠃ ᠡᠨᠡ ᠮᠡᠳᠡᠭᠡ ᠶ᠋ᠢ ᠳᠣᠲᠣᠷ᠎ᠠ ᠵᠦᠰᠦᠨ ᠬᠠᠲᠤᠨ ᠪᠠ ᠲᠥᠷᠥ ᠶ᠋ᠢᠨ ᠬᠠᠲᠤᠨ ᠴᠥᠮ ᠰᠣᠨᠣᠰᠴᠤ ᠰᠡᠮᠡᠬᠡᠷ ᠪᠠᠶᠠᠷᠯᠠᠯᠴᠠᠮᠤᠢ᠃ ᠭᠠᠭᠴᠠ ᠵᠢᠨᠦᠩ ᠦ᠋ᠨ ᠴᠠᠭᠠᠵᠠ ᠮᠠᠰᠢ ᠬᠠᠲᠠᠭᠤ ᠲᠤᠯᠠ ᠠᠶᠤᠯ ᠦᠭᠡᠢ ᠲᠠᠢᠽᠦ ᠳ᠋ᠦ᠍ᠷ ᠰᠣᠨᠣᠰᠬᠠᠬᠤ ᠦᠭᠡᠢ᠃ ᠡᠨᠡ ᠦᠶ᠎ᠡ ᠳ᠋ᠦ᠍ᠷ ᠲᠡᠷᠢᠭᠦᠯᠡᠭᠰᠡᠨ ᠰᠠᠢᠳ ᠲᠦᠰᠢᠮᠡᠳ ᠬᠡᠳᠦᠢᠨᠡᠢ ᠣᠷᠣᠵᠤ ᠥᠵᠢᠨ ᠡᠮᠡᠭᠡ ᠳ᠋ᠦ᠍ᠷ ᠮᠡᠳᠡᠭᠦᠯᠦᠨ ᠲᠣᠭᠲᠠᠵᠤ᠂ ᠲᠡᠷᠡ ᠴᠠᠭ ᠲᠤᠷ ᠮᠡᠳᠡᠭᠡ ᠪᠠᠷᠢᠬᠤ ᠶ᠋ᠢ ᠬᠦᠯᠢᠶᠡᠮᠦᠢ᠃ ᠪᠠᠯᠪᠤ ᠶ᠋ᠢᠨ ᠡᠯᠴᠢ ᠷᠠᠷᠠᠩᠰᠢ ᠬᠡᠮᠡᠭᠴᠢ ᠠᠷᠪᠠᠨ ᠵᠠᠭᠤᠨ ᠤ᠋ ᠠᠴᠢᠶ᠎ᠠ ᠪᠡᠯᠡᠭ ᠢ᠋ᠶ᠋ᠡᠨ ᠲᠤᠰᠢᠶᠠᠰᠤᠭᠠᠢ ᠬᠡᠮᠡᠬᠦᠢ ᠳ᠋ᠦ᠍ᠷ ᠮᠤᠬᠤᠯᠢ ᠨᠠᠷ ᠲᠤᠷ ᠬᠦᠨᠳᠦᠯᠡᠨ ᠬᠦᠯᠢᠶᠡᠯᠭᠡᠵᠦ᠂ ᠤᠨᠤᠨ ᠮᠥᠷᠡᠨ ᠦ᠌ ᠶᠡᠬᠡ ᠪᠠᠭᠤᠳᠠᠯ ᠳ᠋ᠤᠷ ᠳᠠᠴᠢᠩᠬᠤᠷᠯᠤ ᠳ᠋ᠤᠷ ᠢᠯᠡᠭᠡᠵᠦ᠂ ᠳᠡᠭᠡᠷ᠎ᠡ ᠢᠨᠦ ᠲᠡᠢ ᠰᠡᠴᠡᠨ᠂ ᠯᠢᠳᠠᠷ ᠰᠡᠴᠡᠨ᠂ ᠥᠷᠯᠥᠭ ᠨᠣᠶᠠᠨ᠂ ᠸᠴᠢᠷ ᠰᠡᠴᠡᠨ ᠨᠠᠷ ᠢ᠋ ᠢᠯᠡᠭᠡᠵᠦ᠂ ᠳ᠋ᠠᠳᠠᠳᠤᠩᠭ᠎ᠠ ᠯᠤᠭ᠎ᠠ ᠲᠡᠭᠷᠢ ᠶ᠋ᠢᠨ ᠬᠥᠪᠡᠭᠦᠨ ᠦ᠌ ᠳᠦᠷᠢᠮ ᠶᠣᠰᠣᠨ ᠢ᠋ ᠬᠡᠯᠡᠯᠴᠡᠨ ᠵᠢᠱ᠌ᠢᠭᠦᠯᠪᠡ᠃ ᠡᠳᠦᠭᠡ ᠪᠣᠯᠪᠠᠰᠤ ᠡᠨᠡ ᠵᠢᠯ ᠣᠯᠠᠨ ᠪᠠᠭ᠎ᠠ ᠡᠵᠡᠳ ᠲᠣᠷ ᠶᠡᠬᠡ ᠶᠣᠰᠣᠨ ᠬᠠᠲᠤᠳ ᠤ᠋ᠨ ᠬᠣᠯᠪᠣᠭᠠᠨ ᠢ᠋ ᠲᠣᠭᠲᠠᠭᠠᠮᠤᠢ ᠭᠡᠮᠡᠨ ᠪᠠᠷᠤᠭᠯᠠᠨ ᠬᠡᠯᠡᠯᠴᠡᠵᠦ᠂ ᠡᠳᠦᠷ ᠰᠠᠷ᠎ᠠ ᠶ᠋ᠢ ᠰᠢᠯᠭᠠᠨ ᠢᠯᠭᠠᠮᠤᠢ᠃ ᠨᠡᠩ ᠪᠠᠰᠠ ᠵᠦᠰᠦᠨ ᠬᠠᠲᠤᠨ᠂ ᠰᠡᠴᠡᠨ ᠰᠡᠴᠢᠭᠯᠢᠭ ᠠᠪᠠᠬᠠᠢ ᠶ᠋ᠢᠨ ᠵᠠᠰᠠᠯᠭ᠎ᠠ ᠶ᠋ᠢ ᠪᠡᠯᠡᠳᠬᠡᠵᠦ᠂ ᠵᠠᠭᠤᠨ ᠵᠦᠢᠯ ᠦ᠋ᠨ ᠬᠥᠰᠢᠭᠡ ᠮᠠᠨᠵᠢᠯᠭ᠎ᠠ᠂ ᠳᠡᠪᠡᠯ ᠬᠤᠪᠴᠠᠰᠤ᠂ ᠥᠷᠭᠥᠭᠡ ᠶ᠋ᠢᠨ ᠭᠠᠳᠠᠷ ᠳᠣᠲᠣᠷ᠎ᠠ ᠶ᠋ᠢ ᠪᠡᠯᠡᠳᠦᠭᠡᠳ ᠣᠷᠣᠰ ᠤ᠋ᠨ ᠣᠯᠠᠨ ᠤᠷᠠᠴᠤᠳ ᠢ᠋ ᠵᠠᠷᠤᠮᠤᠢ᠃ ᠲᠡᠳᠦᠢ ᠲᠠᠢᠽᠦ ᠬᠠᠲᠤᠨ ᠯᠤᠭ᠎ᠠ ᠪᠡᠷᠢ ᠠᠪᠴᠤ ᠠᠪᠠᠬᠠᠢ ᠥᠭᠬᠦ ᠶ᠋ᠢ ᠬᠡᠯᠡᠯᠴᠡᠬᠦᠶ᠎ᠡ᠂ ᠭᠡᠨᠡᠳᠲᠡ ᠶᠡᠬᠡ ᠬᠡᠩᠭᠡᠷᠭᠡ ᠴᠣᠬᠢᠵᠤ ᠲᠠᠢᠽᠦ ᠶ᠋ᠢ ᠵᠠᠯᠠᠬᠤ ᠲᠡᠮᠳᠡᠭ ᠡᠷᠭᠦᠪᠡ᠃ ᠪᠠᠰᠠ ᠶᠠᠮᠪᠠᠷ ᠤᠴᠢᠷ ᠭᠠᠷᠬᠤ ᠶ᠋ᠢ ᠳᠣᠣᠷᠠᠲᠤ ᠪᠦᠯᠦᠭ ᠲᠣᠷ ᠦᠵᠡᠭᠳᠡᠬᠦᠢ᠃ 

ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠦ : 
                ᠭᠠᠭᠴᠠ ᠰᠤᠮᠤ ᠪᠠᠷ ᠬᠣᠲᠣᠩᠭᠤᠳ ᠢ᠋ ᠬᠤᠷᠢᠶᠠᠭᠰᠠᠨ ᠬᠤᠲᠤᠭᠲᠤ ᠲᠡᠭᠷᠢ ᠶ᠋ᠢᠨ ᠲᠤᠰᠠᠯᠠᠯ 
                ᠭᠠᠢᠬᠠᠮᠰᠢᠭ᠋ ᠠᠷᠭ᠎ᠠ ᠪᠠᠷ ᠲᠥᠪᠡᠳ ᠢ᠋ ᠲᠦᠪᠰᠢᠳᠬᠡᠭᠰᠡᠨ ᠲᠡᠮᠳᠡᠭᠲᠦ ᠪᠣᠭᠳᠠ ᠶ᠋ᠢᠨ ᠪᠤᠶᠠᠨ᠂ 
                ᠺᠡᠷᠪᠢ ᠪᠯᠡᠮ᠎ᠡ ᠶ᠋ᠢᠨ ᠴᠠᠭ ᠢ᠋ ᠮᠡᠳᠡᠭᠰᠡᠨ᠎ᠡ ᠪᠡᠯᠡᠭ ᠬᠦᠷᠲᠡᠭᠡᠪᠡᠴᠦ ᠪᠣᠯᠤᠯᠲᠠᠢ 
                ᠭᠠᠵᠠᠷ ᠤ᠋ᠨ ᠬᠦᠷᠦᠭᠡᠳ ᠵᠠᠮ ᠳ᠋ᠤᠷ ᠰᠥᠭᠥᠳᠦᠭᠰᠡᠨ᠎ᠡ ᠴᠡᠷᠢᠭ ᠡᠭᠡᠬᠦ ᠵᠦᠢ !