ᠬᠥᠬᠡ ᠰᠤᠳᠤᠷ - ᠢᠨᠵᠠᠨᠨᠠᠰᠢ <ᠭᠤᠴᠢ ᠶᠢᠰᠦᠳᠦᠭᠡᠷ ᠪᠦᠯᠦᠭ > Хөх судар - Инжинаш <Гуч есдүгээр бүлэг >
ᠬᠠᠭᠠᠨ ᠡᠵᠡᠨ ᠬᠠᠮᠤᠭ ᠢ᠋ ᠡᠷᠭᠦᠮᠵᠢᠯᠡᠬᠦᠶ᠎ᠡ ᠬᠠᠭᠤᠴᠢᠨ ᠰᠠᠢᠳ ᠠ᠋ᠴᠠ ᠡᠬᠢᠯᠡᠪᠡ
ᠬᠠᠷᠢ ᠤᠯᠤᠰ ᠬᠠᠮᠲᠤ ᠪᠠᠷ ᠳᠠᠭᠠᠬᠤᠶᠠ ᠬᠠᠷᠴᠠᠭᠠᠢ ᠰᠢᠪᠠᠭᠤ ᠯᠤᠭ᠎ᠠ ᠪᠠᠢᠭᠤᠯᠪᠠ
ᠤᠯᠠᠭᠴᠢᠨ ᠲᠠᠤᠯᠠᠢ ᠵᠢᠯ ᠂ ᠴᠢᠩᠭᠢᠰ ᠬᠠᠭᠠᠨ ᠳᠥᠴᠢᠨ ᠵᠢᠷᠭᠤᠭᠠᠨ ᠰᠡᠭᠦᠳᠡᠷ ᠲᠡᠢ ᠂ ᠮᠣᠩᠭᠣᠯ ᠤᠯᠤᠰ ᠤ᠋ᠨ
ᠴᠢᠩᠭᠢᠰ ᠬᠠᠭᠠᠨ ᠤ᠋ ᠬᠣᠶᠠᠳᠤᠭᠠᠷ ᠣᠨ ᠂ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠶ᠋ᠢᠨ ᠭᠤᠷᠪᠠᠳᠤᠭᠠᠷ ᠣᠨ᠂
ᠪᠠᠰᠠ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠲᠠᠢ ᠾᠧ ᠶ᠋ᠢᠨ ᠳᠣᠯᠣᠳᠤᠭᠠᠷ ᠣᠨ᠂ ᠡᠨᠡ ᠵᠢᠯ ᠰᠥᠩ ᠤᠯᠤᠰ
ᠠᠯᠲᠠᠨ ᠤᠯᠤᠰ ᠬᠠᠷᠢᠯᠴᠠᠨ ᠶᠡᠬᠡᠯ᠎ᠡ ᠪᠠᠢᠯᠳᠤᠪᠠ ᠂ ᠰᠥᠩ ᠤᠯᠤᠰ ᠴᠡᠷᠢᠭ ᠦ᠋ᠨ ᠠᠰᠢᠭ᠋ ᠢ᠋ ᠠᠯᠳᠠᠵᠤᠬᠤᠢ
ᠬᠠᠭᠠᠨ ᠡᠵᠡᠨ ᠬᠠᠮᠤᠭ ᠢ᠋ ᠡᠷᠭᠦᠮᠵᠢᠯᠡᠬᠦᠶ᠎ᠡ ᠬᠠᠭᠤᠴᠢᠨ ᠰᠠᠢᠳ ᠠ᠋ᠴᠠ ᠡᠬᠢᠯᠡᠪᠡ
ᠬᠠᠷᠢ ᠤᠯᠤᠰ ᠬᠠᠮᠲᠤ ᠪᠠᠷ ᠳᠠᠭᠠᠬᠤᠶᠠ ᠬᠠᠷᠴᠠᠭᠠᠢ ᠰᠢᠪᠠᠭᠤ ᠯᠤᠭ᠎ᠠ ᠪᠠᠢᠭᠤᠯᠪᠠ
ᠲᠡᠨᠳᠡᠴᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠣᠶᠠᠳᠤᠭᠠᠷ ᠣᠨ᠂ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠲᠡᠭᠷᠢ ᠶ᠋ᠢᠨ ᠪᠣᠱᠣᠭ ᠢ᠋ᠶ᠋ᠡᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠤᠸᠠᠩᠳᠢ ᠲᠠᠢᠽᠦ ᠴᠢᠩᠭᠢᠰ ᠬᠠᠭᠠᠨ ᠬᠤᠯᠤᠭᠠᠨ᠎ᠠ ᠴᠠᠭ ᠲᠤ᠌ ᠳᠡᠭᠡᠭᠰᠢᠯᠡᠵᠦ ᠪᠡᠶ᠎ᠡ ᠪᠡᠨ ᠠᠷᠢᠭᠤᠳᠬᠠᠨ ᠰᠢᠨ᠎ᠡ ᠬᠤᠪᠴᠠᠳ ᠡᠮᠦᠰᠴᠦ ᠲᠡᠭᠷᠢ ᠭᠠᠵᠠᠷ ᠲᠤᠷ ᠶᠣᠰᠣᠯᠠᠵᠤ᠂ ᠤᠷᠢᠳᠤᠰ ᠡᠪᠦᠭᠡᠳ ᠢ᠋ ᠳᠠᠢᠭᠠᠳ ᠡᠬᠡ ᠲᠠᠢᠬᠡᠦ ᠳ᠋ᠦ᠍ᠷ ᠮᠥᠷᠭᠥᠵᠦ᠂ ᠶᠡᠬᠡ ᠲᠥᠷᠥ ᠳ᠋ᠦ᠍ᠷ ᠵᠠᠯᠠᠷᠠᠨ ᠭᠠᠷᠬᠤᠶ᠎ᠠ ᠶᠢᠰᠦᠨ ᠳᠠᠪᠬᠤᠷ ᠤ᠋ᠨ ᠨᠠᠷᠢᠨ ᠬᠥᠭᠵᠢᠮ ᠡᠭᠦᠰᠬᠡᠵᠦ᠂ ᠠᠷᠪᠠᠨ ᠠᠩᠬᠢᠯᠤᠮᠠᠯ ᠤ᠋ᠨ ᠬᠦᠵᠢ ᠽᠠᠨᠳᠠᠨ ᠰᠢᠲᠠᠭᠠᠵᠤ᠂ ᠠᠯᠲᠠᠨ ᠬᠠᠰ ᠤ᠋ᠨ ᠴᠢᠮᠡᠭᠡ ᠳᠠᠭᠤᠷᠢᠰᠴᠤ ᠵᠦᠩ ᠬᠡᠩᠭᠡᠷᠭᠡ ᠶ᠋ᠢᠨ ᠳᠣᠬᠢᠶ᠎ᠠ ᠴᠣᠬᠢᠨ᠂ ᠦᠢᠮᠡᠭᠡᠨ ᠢ᠋ ᠳᠠᠷᠤᠬᠤ ᠳᠣᠬᠢᠭᠤᠷ ᠭᠤᠷᠪᠠᠨᠲᠠ ᠳᠠᠭᠤᠷᠢᠰᠴᠤ ᠰᠥᠭᠥᠳᠴᠦ ᠬᠦᠯᠢᠶᠡᠬᠦ ᠲᠡᠮᠳᠡᠭ ᠳᠣᠪᠲᠣᠯᠤᠨ ᠬᠦᠷᠴᠦ ᠢᠷᠡᠭᠰᠡᠨ ᠳ᠋ᠦ᠍ᠷ ᠲᠡᠭᠷᠢ ᠶ᠋ᠢᠨ ᠬᠥᠪᠡᠭᠦᠨ ᠵᠠᠯᠠᠷᠠᠨ ᠭᠠᠷᠴᠤ ᠢᠷᠡᠭᠡᠳ ᠥᠨᠳᠥᠷ ᠮᠠᠨᠳᠠᠯ ᠳ᠋ᠤᠷ ᠠᠪᠠᠷᠢᠭᠠᠳ ᠯᠤᠤ ᠶ᠋ᠢᠨ ᠰᠠᠭᠤᠳᠠᠯ ᠳ᠋ᠤᠷ ᠰᠠᠭᠤᠪᠠ᠃ ᠵᠠᠭᠤᠨ ᠲᠦᠰᠢᠮᠡᠳ ᠬᠠᠭᠠᠨ ᠤ᠋ ᠳᠣᠬᠢᠶ᠎ᠠ ᠬᠠᠰᠬᠢᠷᠬᠤ ᠶᠣᠰᠣᠯᠠᠯ ᠤ᠋ᠨ ᠰᠠᠢᠳ ᠤ᠋ᠨ ᠳᠣᠬᠢᠶ᠎ᠠ ᠲᠡᠮᠳᠡᠭ ᠢ᠋ᠶ᠋ᠡᠷ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠵᠦ ᠶᠣᠰᠣᠯᠠᠯ ᠲᠡᠭᠦᠰᠦᠭᠰᠡᠨ ᠬᠣᠢᠨ᠎ᠠ᠂ ᠲᠠᠢᠽᠦ ᠴᠢᠩᠭᠢᠰ ᠬᠠᠭᠠᠨ ᠵᠠᠷᠯᠢᠭ ᠪᠣᠯᠤᠷᠤᠨ :《ᠮᠡᠬᠦᠰ ᠪᠢ ᠦᠵᠡᠪᠡᠰᠦ ᠡᠨᠡ ᠡᠳᠦᠷ ᠦ᠋ᠨ ᠲᠡᠭᠷᠢ ᠶ᠋ᠢᠨ ᠬᠥᠪᠡᠭᠦᠨ ᠦ᠌ ᠳᠣᠬᠢᠶ᠎ᠠ ᠲᠡᠮᠳᠡᠭ ᠵᠢᠭᠰᠠᠭᠠᠯ ᠬᠥᠭᠵᠢᠮ ᠨᠡᠢᠲᠡ ᠪᠡᠷ ᠴᠥᠮ ᠡᠮᠦᠨᠡᠲᠦ ᠳᠤᠮᠳᠠᠳᠤ ᠤᠯᠤᠰ ᠤ᠋ᠨ ᠬᠠᠤᠯᠢ ᠳᠦᠷᠢᠮ ᠪᠣᠯᠠᠢ᠃ ᠣᠯᠠᠨ ᠴᠢᠩ ᠰᠠᠢᠳ ᠠ᠋ᠴᠠ ᠳᠠᠷᠠᠭᠠᠯᠠᠨ ᠬᠠᠷᠢᠶᠠᠲᠤ ᠢᠷᠭᠡᠨ ᠳ᠋ᠦ᠍ᠷ ᠬᠦᠷᠲᠡᠯ᠎ᠡ ᠨᠢᠭᠡᠨ ᠰᠡᠳᠬᠢᠯ ᠢ᠋ᠶ᠋ᠡᠷ ᠮᠡᠬᠦᠰ ᠨᠠᠮᠠᠢ ᠬᠠᠭᠠᠨ ᠭᠡᠮᠡᠨ ᠡᠷᠭᠦᠭᠰᠡᠨ ᠲᠤᠯᠠ ᠡᠳᠡᠭᠡᠷ ᠵᠦᠢᠯ ᠦ᠋ᠨ ᠳᠦᠷᠢᠮ ᠳᠦᠷᠰᠦ ᠪᠠᠢᠳᠠᠯ ᠶᠠᠩᠵᠤ ᠶ᠋ᠢ ᠬᠡᠷᠡᠭᠯᠡᠬᠦᠢ ᠳ᠋ᠦ᠍ᠷ ᠬᠡᠳᠦᠢ ᠦᠯᠦ ᠪᠣᠯᠬᠤ ᠭᠠᠵᠠᠷ ᠦᠭᠡᠢ ᠪᠣᠯᠪᠠᠴᠤ ᠡᠭᠦᠨ ᠦ᠌ ᠳᠣᠲᠣᠷ᠎ᠠ ᠪᠠᠰᠠ ᠨᠢᠭᠡᠨ ᠵᠦᠢᠯ ᠦ᠋ᠨ ᠡᠭᠡᠯ ᠠᠷᠠᠳ ᠤ᠋ᠨ ᠳᠡᠭᠡᠷᠡᠩᠭᠦᠢ ᠣᠮᠣᠭ ᠢ᠋ ᠲᠥᠷᠥᠭᠦᠯᠬᠦ ᠭᠡᠮ ᠴᠢᠨᠠᠷ ᠠᠮᠤᠢ᠃ ᠶᠡᠷᠦ ᠶ᠋ᠢᠨ ᠦᠭᠡᠨ ᠳ᠋ᠦ᠍ < ᠳᠡᠪᠡᠯ ᠶᠡᠬᠡᠳᠡᠪᠡᠰᠦ ᠡᠮᠦᠰᠦᠭᠰᠡᠨ ᠬᠥᠮᠦᠨ ᠦ᠌ ᠪᠡᠶ᠎ᠡ ᠳ᠋ᠦ᠍ ᠠᠴᠢᠶ᠎ᠠ ᠪᠣᠯᠤᠮᠤᠢ᠂ ᠡᠮᠡᠭᠡᠯ ᠬᠦᠨᠳᠦᠳᠡᠪᠡᠰᠦ ᠲᠣᠬᠣᠭᠰᠠᠨ ᠮᠣᠷᠢᠨ ᠤ᠋ ᠨᠢᠷᠤᠭᠤᠨ ᠳ᠋ᠤᠷ ᠳᠠᠷᠤᠰᠢ ᠪᠣᠯᠤᠮᠤᠢ᠃ ᠡᠷᠬᠢᠮ ᠬᠡᠲᠦᠷᠡᠪᠡᠰᠦ ᠬᠥᠮᠦᠨ ᠦ᠌ ᠰᠡᠳᠬᠢᠯ ᠳ᠋ᠦ᠍ᠷ ᠣᠰᠣᠯᠳᠠᠬᠤᠢ ᠪᠣᠯᠤᠮᠤᠢ᠂ ᠶᠠᠩᠵᠤ ᠬᠡᠲᠦᠷᠡᠪᠡᠰᠦ ᠡᠯ᠎ᠡ ᠤᠯᠤᠰ ᠤ᠋ᠨ ᠳᠣᠣᠷᠠᠳᠤᠰ ᠲᠤᠷ ᠵᠦᠳᠡᠭᠦᠷᠢ ᠪᠣᠯᠤᠮᠤᠢ > ᠬᠡᠮᠡᠵᠦᠬᠦᠢ᠃ ᠮᠢᠨᠦ ᠡᠵᠡᠯᠡᠬᠦ ᠡᠳᠡᠭᠡᠷ ᠮᠣᠩᠭᠣᠯ ᠤᠯᠤᠰ ᠨᠡᠢᠲᠡ ᠪᠡᠷ ᠴᠢᠩ ᠦᠨᠡᠨ ᠪᠣᠯᠤᠭᠰᠠᠨ ᠲᠤᠯᠠ ᠪᠢ ᠬᠡᠳᠦᠢ ᠪᠡᠶ᠎ᠡ ᠳ᠋ᠦ᠍ ᠴᠠᠭᠠᠮᠠᠯ ᠳᠡᠪᠡᠯ ᠡᠮᠦᠰᠴᠦ ᠮᠠᠨ ᠳ᠋ᠤᠷ ᠪᠢᠲᠡᠭᠦᠨ ᠬᠥᠩᠭᠡᠯᠢᠭ ᠪᠣᠯᠪᠠᠴᠤ ᠮᠢᠨᠦ ᠤᠯᠤᠰ ᠠᠯᠪᠠᠲᠤ ᠮᠡᠬᠦᠰ ᠨᠠᠮᠠᠢ ᠬᠥᠩᠭᠡᠯᠡᠬᠦ ᠦᠭᠡᠢ ᠪᠡᠷ ᠦᠯᠦ ᠪᠠᠷᠠᠨ᠂ ᠬᠠᠷᠢᠨ ᠭᠡᠳᠡᠷᠭᠦ ᠪᠢᠰᠢᠷᠡᠨ ᠰᠢᠲᠦᠬᠦ ᠪᠣᠯᠠᠢ᠃ ᠡᠳᠡᠭᠡᠷ ᠵᠦᠢᠯ ᠦ᠋ᠨ ᠶᠣᠰᠣᠯᠠᠯ ᠬᠥᠭᠵᠢᠮ ᠦ᠋ᠨ ᠳᠦᠷᠢᠮ ᠬᠡᠮᠵᠢᠶ᠎ᠡ ᠪᠠ ᠥᠩᠭᠡ ᠪᠠᠢᠳᠠᠯ ᠰᠦᠷᠲᠡᠭᠡᠭᠦ ᠰᠣᠴᠢᠭᠠᠬᠤ ᠲᠤᠯᠠ ᠮᠠᠨ ᠤ᠋ ᠬᠣᠢᠲᠤ ᠭᠠᠵᠠᠷ ᠣᠳᠣ ᠬᠡᠷᠡᠭ ᠦᠭᠡᠢ᠃ ᠣᠨᠴᠠ ᠦᠨᠡᠨᠴᠢ ᠥᠷᠥᠰᠢᠶᠡᠯ ᠢ᠋ᠶ᠋ᠡᠷ ᠳᠣᠣᠷᠠᠳᠤᠰ ᠤ᠋ᠨ ᠰᠡᠳᠬᠢᠯ ᠢ᠋ ᠠᠪᠴᠤ ᠴᠢᠬᠡᠴᠢ ᠰᠢᠳᠤᠷᠭᠤ ᠪᠠᠷ ᠳᠡᠭᠡᠳᠦ ᠡᠵᠡᠨ ᠳ᠋ᠦ᠍ᠷ ᠢ᠋ᠶ᠋ᠡᠨ ᠵᠢᠳᠬᠦᠪᠡᠰᠦ ᠶᠣᠰᠣ ᠪᠣᠯᠠᠢ᠃ ᠡᠳᠡᠭᠡᠷ ᠬᠣᠭᠣᠰᠣᠨ ᠰᠦᠷ ᠬᠤᠳᠠᠯ ᠶᠠᠩᠵᠤ ᠣᠨ ᠤᠳᠠᠭᠰᠠᠨ ᠳ᠋ᠤᠷ ᠬᠠᠭᠠᠳ ᠡᠵᠡᠳ ᠪᠣᠭᠣᠯᠴᠤᠳ ᠤ᠋ᠨ ᠣᠮᠣᠭ ᠢ᠋ ᠨᠡᠮᠡᠭᠦᠯᠦᠨ᠂ ᠰᠠᠢᠳ ᠲᠦᠰᠢᠮᠡᠳ ᠪᠣᠭᠣᠯᠴᠤᠳ ᠤ᠋ᠨ ᠴᠡᠭᠡᠷᠯᠡᠯ ᠬᠠᠯᠬᠠᠯᠠᠯ ᠪᠣᠯᠠᠢ ! 》ᠬᠡᠮᠡᠭᠰᠡᠨ ᠳ᠋ᠦ᠍ᠷ ᠸᠠᠩ ᠰᠠᠢᠳ᠂ ᠲᠠᠢᠰᠢ ᠲᠠᠢᠪᠤᠤ ᠣᠯᠠᠨ ᠲᠦᠰᠢᠮᠡᠯ ᠲᠦᠰᠢᠶ᠎ᠡ ᠬᠠᠮᠲᠤ 《ᠲᠦᠮᠡᠨ ᠨᠠᠰᠤᠲᠤ ᠶ᠋ᠢᠨ ᠡᠨᠡ ᠵᠠᠷᠯᠢᠭ ᠴᠥᠮ ᠲᠦᠮᠡᠨ ᠦᠶ᠎ᠡ ᠶ᠋ᠢᠨ ᠲᠠᠰᠤᠷᠬᠠᠢ ᠰᠤᠷᠭᠠᠯ ᠮᠥᠨ ! 》ᠭᠡᠮᠡᠨ ᠮᠥᠷᠭᠥᠵᠦ᠂ ᠳᠥᠷᠪᠡᠨ ᠸᠠᠩ᠂ ᠲᠠᠢᠰᠢ ᠲᠠᠢ ᠰᠡᠴᠡᠨ᠂ ᠥᠷᠯᠥᠭ ᠨᠣᠶᠠᠨ ᠯᠢᠳᠠᠷ ᠰᠡᠴᠡᠨ᠂ ᠲᠣᠷᠭᠠᠨ ᠰᠢᠷ᠎ᠠ᠂ ᠴᠠᠭᠠᠨ ᠬᠠᠭᠠᠨ᠂ ᠲᠡᠷᠢᠭᠦᠯᠡᠭᠰᠡᠨ ᠰᠠᠢᠳ ᠳᠠᠴᠢᠩᠬᠤᠷᠯᠤ᠂ ᠢᠯᠠᠭᠤᠭᠰᠠᠨ᠂ ᠳ᠋ᠠᠳᠠᠲᠤᠩᠭ᠎ᠠ ᠨᠠᠷ ᠭᠠᠷᠴᠤ ᠰᠥᠭᠥᠳᠴᠦ ᠠᠢᠯᠠᠳᠬᠠᠷᠤᠨ :《ᠪᠣᠭᠳᠠ ᠡᠵᠡᠨ ᠦ᠌ ᠬᠣᠯᠠ ᠤᠷᠲᠤ ᠭᠦᠨ ᠪᠣᠳᠣᠯᠭᠠᠲᠤ ᠵᠠᠷᠯᠢᠭ ᠦᠨᠡᠬᠡᠷ ᠦᠶ᠎ᠡ ᠦᠶ᠎ᠡ ᠶ᠋ᠢᠨ ᠬᠠᠭᠠᠳ ᠲᠤᠷ ᠰᠣᠶᠣᠯ ᠰᠤᠷᠭᠠᠯ ᠪᠣᠯᠤᠮᠤᠢ᠃ ᠭᠠᠭᠴᠠ ᠡᠨᠡ ᠳᠦᠷᠢᠮ ᠶᠣᠰᠣᠯᠠᠯ ᠬᠡᠳᠦᠢ ᠮᠠᠨ ᠤ᠋ ᠬᠠᠷᠢᠶᠠᠲᠤ ᠮᠣᠩᠭᠣᠯ ᠤᠯᠤᠰ ᠲᠤᠷ ᠬᠡᠷᠡᠭ ᠦᠭᠡᠢ ᠪᠣᠯᠪᠠᠴᠤ ᠣᠷᠳᠣᠨ ᠳ᠋ᠤᠷ ᠦᠯᠡᠳᠡᠭᠡᠵᠦ ᠬᠡᠷᠡᠭᠯᠡᠵᠦ ᠪᠣᠯᠤᠮᠤᠢ᠃ ᠬᠣᠯᠠ ᠬᠠᠷᠢ ᠤᠯᠤᠰ ᠤ᠋ᠨ ᠡᠵᠡᠨ ᠳᠥᠷᠪᠡᠨ ᠥᠩᠭᠡ᠂ ᠲᠠᠪᠤᠨ ᠬᠠᠷᠢ ᠬᠠᠮᠲᠤ ᠴᠥᠮ ᠴᠠᠭᠠᠯᠠᠬᠤ ᠥᠷᠯᠥᠭᠡ ᠶ᠋ᠢᠨ ᠶᠣᠰᠣᠨ ᠢ᠋ᠶ᠋ᠠᠷ ᠮᠥᠷᠭᠥᠷ᠎ᠡ ᠢᠷᠡᠭᠰᠡᠨ ᠲᠤᠯᠠ ᠲᠡᠳᠡᠭᠡᠷ ᠠᠢᠮᠠᠭ ᠲᠤᠷ ᠲᠡᠭᠷᠢ ᠶ᠋ᠢᠨ ᠬᠥᠪᠡᠭᠦᠨ ᠦ᠌ ᠰᠦᠷ ᠳᠦᠷᠢᠮ ᠢ᠋ ᠡᠰᠡ ᠦᠵᠡᠭᠦᠯᠪᠡᠰᠦ᠂ ᠲᠡᠳᠡᠨ ᠦ᠌ ᠬᠢᠴᠢᠶᠡᠩᠭᠦᠢᠯᠡᠬᠦ ᠪᠣᠯᠭᠣᠮᠵᠢᠯᠠᠬᠤ ᠴᠢᠩ ᠦᠨᠡᠨ ᠰᠦᠰᠦᠭ ᠢ᠋ ᠤᠳᠤᠷᠢᠳᠤᠨ ᠬᠦᠨᠳᠦᠳᠬᠡᠬᠦᠶᠡ ᠪᠡᠷᠬᠡ᠃ ᠲᠡᠢᠨ ᠬᠦ᠌ ᠡᠢᠨ ᠬᠡᠷᠡᠭᠯᠡᠭᠦᠯᠦᠮᠦᠢ᠃ ᠡᠨᠡ ᠢᠨᠤ ᠵᠠᠭᠤᠨ ᠲᠦᠮᠡᠨ ᠢ᠋ ᠨᠢᠭᠡᠨ ᠡᠰᠢᠲᠦ ᠮᠡᠲᠦ᠂ ᠨᠢᠭᠡᠨ ᠣᠭᠣᠰᠣᠷᠲᠤ ᠮᠡᠲᠦ ᠪᠣᠯᠬᠤ ᠳᠦᠷᠢᠮ ᠬᠡᠮᠵᠢᠶ᠎ᠡ ᠮᠥᠨ! 》ᠬᠡᠮᠡᠭᠰᠡᠨ ᠳ᠋ᠦ᠍ᠷ ᠲᠠᠢᠽᠦ ᠮᠦᠰᠢᠶᠡᠵᠦ ᠵᠥᠪᠰᠢᠶᠡᠨ ᠬᠠᠷᠢᠭᠤ ᠵᠠᠷᠯᠢᠭ ᠪᠣᠯᠤᠷᠤᠨ : 《ᠮᠢᠨᠦ ᠰᠣᠨᠣᠰᠤᠭᠰᠠᠨ ᠠᠨᠤ᠂ ᠬᠠᠭᠤᠴᠢᠨ ᠶᠡᠬᠡ ᠰᠥᠩ ᠤᠯᠤᠰ ᠬᠣᠭᠣᠰᠣᠨ ᠬᠠᠢᠳᠠᠮ ᠶᠠᠩᠵᠤ ᠳᠦᠷᠢᠮ ᠬᠡᠲᠦᠷᠡᠵᠦ᠂ ᠢᠷᠭᠡᠨ ᠢᠨᠤ ᠡᠵᠡᠨ ᠯᠣᠭᠡ ᠪᠡᠨ ᠨᠡᠪᠲᠡᠷᠡᠨ ᠴᠢᠳᠠᠬᠤ ᠦᠭᠡᠢ ᠪᠣᠯᠤᠭᠰᠠᠭᠠᠷ᠂ ᠵᠠᠯᠢᠬᠠᠢ ᠰᠠᠢᠳ ᠵᠠᠪᠰᠠᠷ ᠤ᠋ᠨ ᠵᠠᠪᠰᠢᠶᠠᠨ ᠢ᠋ ᠣᠯᠵᠤ᠂ ᠬᠣᠢᠲᠤ ᠬᠢᠵᠠᠭᠠᠷ ᠲᠤᠷ ᠯᠢᠶᠣᠤ ᠤᠯᠤᠰ ᠢ᠋ ᠮᠠᠨᠳᠤᠭᠤᠯᠬᠤᠢ ᠳ᠋ᠤᠷ ᠭᠥᠷᠥᠭᠦᠯᠪᠡ᠃ ᠲᠡᠳᠦᠢ ᠯᠢᠶᠣᠤ ᠤᠯᠤᠰ ᠪᠠᠷᠠᠭᠤᠨ ᠲᠥᠪᠡᠳ ᠦ᠋ᠨ ᠪᠤᠷᠬᠠᠨ ᠤ᠋ ᠰᠤᠷᠭᠠᠯ ᠢ᠋ ᠬᠢᠴᠢᠶᠡᠵᠦ ᠰᠢᠨᠤᠬᠠᠢᠷᠠᠭᠠᠳ ᠤᠯᠤᠰ ᠤ᠋ᠨ ᠬᠡᠷᠡᠭ ᠰᠠᠭᠠᠲᠠᠯ ᠪᠣᠯᠵᠤ᠂ ᠪᠠᠰᠠ ᠥᠪᠡᠷ ᠢ᠋ᠶ᠋ᠡᠨ ᠬᠡᠲᠦᠷᠬᠡᠢ ᠵᠢᠷᠭᠠᠯ ᠴᠡᠩᠭᠡᠯ ᠤᠵᠢᠳ ᠰᠠᠮᠠᠭᠤᠨ ᠬᠡᠲᠦᠷᠡᠭᠰᠡᠨ ᠢ᠋ᠶ᠋ᠡᠷ ᠬᠢᠳᠠᠨ ᠤ᠋ ᠠᠭᠦ᠋ᠳᠠ ᠡᠰᠡᠷᠭᠦᠴᠡᠯ ᠪᠣᠯᠵᠤ᠂ ᠠᠯᠲᠠᠨ ᠤᠯᠤᠰ ᠪᠠᠰᠠ ᠪᠢᠴᠢᠭ ᠦ᠋ᠨ ᠰᠤᠷᠭᠠᠯ ᠢ᠋ ᠡᠷᠭᠢᠯᠡᠮᠦᠢ ᠭᠡᠮᠡᠨ ᠬᠣᠭᠣᠰᠣᠨ ᠴᠢᠮᠡᠭᠯᠡᠬᠦ ᠦᠭᠡ ᠶᠠᠩᠵᠤᠯᠠᠬᠤ ᠪᠠᠢᠳᠠᠯ ᠬᠡᠲᠦᠷᠡᠭᠡᠳ ᠴᠡᠩᠭᠡᠯ ᠬᠣᠱᠣᠩ ᠶᠡᠬᠡᠯ᠎ᠡ ᠬᠡᠲᠦᠷᠡᠭᠰᠡᠭᠡᠷ ᠡᠳᠦᠭᠡ ᠰᠢᠶᠠ ᠤᠯᠤᠰ᠂ ᠬᠢᠳᠠᠨ ᠤ᠋ ᠤᠯᠤᠰ᠂ ᠮᠠᠨ ᠤ᠋ ᠤᠷᠢᠳᠤ ᠲᠠᠲ᠋ᠠᠷ ᠤᠯᠤᠰ ᠤ᠋ᠨ ᠰᠡᠳᠬᠢᠯ ᠢ᠋ ᠠᠯᠳᠠᠵᠤ ᠲᠡᠮᠡᠴᠡᠬᠦ ᠶ᠋ᠢ ᠬᠦᠰᠡᠪᠡ᠂ ᠡᠳᠦᠭᠡ ᠮᠢᠨᠦ ᠮᠣᠩᠭᠣᠯ ᠤᠯᠤᠰ ᠰᠠᠶᠢ ᠲᠣᠭᠲᠠᠨᠢᠮᠠᠭᠴᠠ ᠪᠠᠰᠠ ᠬᠡᠲᠦᠷᠬᠡᠢ ᠡᠷᠬᠢᠯᠡᠨ ᠶᠡᠬᠡᠷᠬᠡᠪᠡᠰᠦ ᠰᠢᠨ᠎ᠡ ᠳᠠᠭᠠᠭᠰᠠᠳ ᠤ᠋ᠨ ᠰᠠᠨᠠᠭᠠᠨ ᠤ᠋ ᠦᠨᠳᠦᠰᠦᠨ ᠳ᠋ᠦ᠍ᠷ ᠬᠠᠷᠰᠢᠭᠠᠳ ᠬᠣᠢᠲᠤ ᠵᠠᠯᠭᠠᠮᠵᠢᠯᠠᠬᠤ ᠬᠡᠦᠬᠡᠳ ᠠᠴᠢᠷ ᠡᠷᠬᠢᠮ ᠳ᠋ᠡᠭᠡᠨ ᠡᠷᠬᠢᠮᠰᠢᠨ ᠰᠡᠷᠡᠮᠵᠢᠯᠡᠬᠦ ᠴᠢᠷᠮᠠᠢᠬᠤ ᠰᠠᠨᠠᠭᠠᠨ ᠰᠢᠮᠳᠠᠯ ᠳ᠋ᠤᠷ ᠬᠠᠷᠰᠢᠭᠤᠵᠠᠢ ᠬᠡᠮᠡᠭᠰᠡᠨ ᠪᠥᠯᠥᠭᠡ ! 》 ᠬᠡᠮᠡᠭᠰᠡᠨ ᠳ᠋ᠦ᠍ᠷ ᠵᠠᠭᠤᠨ ᠲᠦᠰᠢᠮᠡᠳ ᠭᠠᠢᠬᠠᠨ ᠪᠢᠰᠢᠷᠡᠵᠦ ᠰᠢᠳᠦᠨ ᠰᠦᠰᠦᠭᠯᠡᠭᠡᠳ《ᠲᠦᠮᠡᠨ ᠨᠠᠰᠤᠲᠤ ! 》 ᠭᠡᠮᠡᠨ ᠭᠤᠷᠪᠠᠨᠲᠠ ᠳᠠᠭᠤᠳᠠᠨ ᠮᠥᠷᠭᠥᠨ ᠮᠠᠭᠲᠠᠯᠴᠠᠪᠠᠢ᠃
ᠲᠡᠳᠦᠢ ᠣᠨ ᠤ᠋ ᠲᠡᠷᠢᠭᠦᠨ ᠦ᠌ ᠶᠡᠬᠡ ᠬᠤᠷᠢᠮ ᠬᠤᠷᠢᠮᠯᠠᠬᠤᠢ ᠳ᠋ᠤᠷ ᠲᠠᠢᠽᠦ ᠴᠢᠩᠭᠢᠰ ᠬᠠᠭᠠᠨ ᠬᠠᠭᠤᠴᠢᠨ ᠭᠡᠷ ᠦ᠋ᠨ ᠬᠥᠭᠰᠢᠨ ᠲᠦᠰᠢᠮᠡᠯ ᠮᠡᠩᠭᠡᠯᠢᠭ ᠢ᠋ ᠡᠮᠦᠨ᠎ᠡ ᠪᠡᠨ ᠳᠠᠭᠤᠳᠠᠨ ᠠᠪᠴᠢᠷᠠᠵᠤ᠂ ᠳᠡᠭᠡᠳᠦ ᠲᠠᠢᠹᠦ᠋ ᠲᠦᠰᠢᠮᠡᠯ ᠡᠷᠭᠦᠵᠦ ᠥᠪᠡᠷ ᠦ᠋ᠨ ᠡᠮᠦᠰᠦᠭᠰᠡᠨ ᠬᠤᠶᠠᠭ ᠢ᠋ ᠱᠠᠩᠨᠠᠨ ᠡᠮᠦᠰᠬᠡᠵᠦ᠂ ᠲᠡᠭᠦᠨ ᠦ᠌ ᠬᠣᠶᠠᠷ ᠬᠥᠪᠡᠭᠦᠨ ᠠᠯᠤᠬ᠎ᠠ᠂ ᠰᠦᠬᠡ ᠶ᠋ᠢ ᠳᠤᠮᠳᠠᠳᠤ ᠲᠠᠢᠹᠦ᠋ ᠲᠦᠰᠢᠮᠡᠯ ᠡᠷᠭᠦᠮᠵᠢᠯᠡᠵᠦ᠂ ᠠᠷᠭᠠᠰᠤᠨ ᠤ᠋ ᠬᠣᠷᠭᠣᠯᠵᠢ ᠶ᠋ᠢ ᠳᠤᠮᠳᠠᠳᠤ ᠲᠠᠢᠹᠦ᠋ ᠲᠦᠰᠢᠮᠡᠯ ᠡᠷᠭᠦᠮᠵᠢᠯᠡᠨ᠂ ᠲᠥᠪ ᠦ᠋ᠨ ᠳᠡᠪᠡᠯ᠂ ᠲᠥᠷᠥ ᠶ᠋ᠢᠨ ᠮᠠᠯᠠᠭ᠎ᠠ ᠰᠣᠶᠣᠷᠬᠠᠵᠤ᠂ ᠮᠡᠩᠭᠡᠯᠢᠭ ᠬᠣᠷᠭᠣᠯᠵᠢ ᠬᠣᠶᠠᠭᠤᠯᠠ ᠳ᠋ᠤᠷ ᠮᠣᠳᠣᠷ ᠢ᠋ᠶ᠋ᠠᠷ ᠠᠷᠢᠬᠢ ᠬᠠᠢᠷᠠᠯᠠᠵᠤ ᠡᠢᠨ ᠵᠠᠷᠯᠢᠭ ᠪᠣᠯᠤᠷᠤᠨ :
ᠡᠴᠢᠭᠡ ᠬᠠᠭᠠᠨ ᠢ᠋ ᠮᠢᠨᠦ ᠳᠠᠭᠠᠵᠤ ᠴᠢᠩ ᠦᠨᠡᠨ ᠢ᠋ᠶ᠋ᠡᠷ ᠵᠢᠳᠬᠦᠯᠦᠭᠡ
ᠡᠬᠡ ᠲᠠᠢᠬᠡᠦ ᠳ᠋ᠦ᠍ᠷ ᠮᠢᠨᠦ ᠵᠠᠷᠤᠭᠳᠠᠨ ᠡᠳᠦᠢ ᠪᠣᠯᠲᠠᠯ᠎ᠠ ᠬᠢᠴᠢᠶᠡᠪᠡ᠂
ᠡᠷᠲᠡ ᠳ᠋ᠦ᠍ᠷ ᠬᠤᠸᠠᠩᠬᠡᠦ ᠶ᠋ᠢ ᠪᠠᠭᠤᠯᠭᠠᠬᠤᠶᠠ ᠥᠭᠡᠳᠡ ᠤᠷᠤᠭᠤᠭᠠᠨᠠ ᠭᠦᠶᠦᠯᠦᠭᠡ
ᠡᠳᠦᠭᠡ ᠪᠢ ᠬᠠᠭᠠᠨ ᠰᠠᠭᠤᠲᠠᠯ᠎ᠠ ᠡᠨᠡ ᠪᠡᠶ᠎ᠡ ᠴᠢᠨᠦ ᠬᠥᠭᠰᠢᠷᠡᠪᠡ᠃
ᠡᠷᠲᠡ ᠴᠠᠭ ᠲᠤᠷ ᠵᠣᠪᠠᠵᠤ ᠵᠦᠳᠡᠬᠦᠶᠡ ᠬᠠᠮᠲᠤ ᠭᠠᠰᠢᠭᠤᠨ ᠢ᠋ ᠠᠮᠰᠠᠪᠠ
ᠡᠯᠳᠡᠪ ᠤᠯᠤᠰ ᠤᠷᠪᠠᠵᠤ ᠡᠴᠢᠲᠡᠯ᠎ᠡ ᠠᠰᠠᠷᠠᠯᠲᠤ ᠴᠢ ᠡᠰᠡ ᠬᠥᠳᠡᠯᠪᠡ᠂
ᠡᠳᠦᠭᠡ ᠣᠳᠣ ᠭᠡᠷ ᠦ᠋ᠨ ᠳᠣᠲᠣᠷ᠎ᠠ ᠡᠷᠬᠢᠯᠡᠭᠰᠡᠨ ᠲᠦᠰᠢᠮᠡᠯ ᠪᠣᠯᠪᠠ
ᠡᠭᠦᠨᠴᠡ ᠣᠳᠣ ᠮᠢᠨᠦ ᠭᠡᠷ ᠦ᠋ᠨ ᠨᠡᠢᠲᠡ ᠶ᠋ᠢ ᠴᠢ ᠲᠡᠷᠢᠭᠦᠯᠡᠵᠦ ᠵᠠᠬᠢᠷ !
ᠬᠡᠮᠡᠭᠰᠡᠨ ᠡᠳᠡᠭᠡᠷ ᠵᠠᠷᠯᠢᠭ ᠲᠤᠷ ᠮᠡᠩᠬᠡᠯᠢᠭ᠂ ᠬᠣᠷᠭᠣᠯᠵᠢ ᠬᠣᠶᠠᠭᠤᠯᠠ ᠳᠣᠲᠣᠷ᠎ᠠ ᠢᠭᠲᠦᠯᠦᠨ ᠵᠢᠷᠦᠬᠡ ᠰᠢᠲᠦᠵᠦ ᠬᠠᠪᠠᠷ ᠪᠤᠷᠬᠢᠷᠠᠨ ᠬᠡᠰᠢᠭ ᠲᠣᠷ ᠮᠥᠷᠭᠥᠪᠡ᠃ ᠲᠡᠳᠦᠢ ᠨᠤᠲᠤᠭ ᠭᠣᠯᠣᠮᠲᠠ ᠶ᠋ᠢᠨ ᠨᠡᠢᠲᠡ ᠶ᠋ᠢ ᠵᠠᠬᠢᠷᠬᠤ ᠲᠡᠷᠢᠭᠦᠯᠡᠭᠰᠡᠨ ᠲᠦᠰᠢᠮᠡᠯ ᠡᠷᠭᠦᠮᠵᠢᠯᠡᠪᠡ᠃ ᠠᠷᠭᠠᠰᠤᠨ ᠤ᠋ ᠬᠣᠷᠭᠣᠯᠵᠢ ᠶ᠋ᠢ ᠳᠡᠳ᠋ ᠰᠠᠢᠳ᠂ ᠮᠡᠩᠬᠡᠯᠢᠭ᠂ ᠠᠯᠤᠬ᠎ᠠ᠂ ᠰᠦᠬᠡ ᠬᠣᠶᠠᠷ ᠬᠥᠪᠡᠭᠦᠨ ᠢ᠋ᠶ᠋ᠡᠨ ᠠᠪᠴᠤ ᠣᠯᠠᠨ ᠸᠠᠩ ᠤ᠋ᠳ ᠲᠠᠢᠰᠢ ᠲᠠᠢᠪᠤᠤ ᠲᠠᠢᠹᠦ᠋ ᠨᠠᠷ ᠤ᠋ᠨ ᠳᠡᠰ ᠲᠡᠷᠢᠭᠦᠨ ᠰᠢᠷᠡᠭᠡᠨ ᠦ᠌ ᠬᠤᠷᠢᠮ ᠳ᠋ᠤᠷ ᠰᠠᠭᠤᠯᠭ᠎ᠠ ᠬᠡᠮᠡᠪᠡ᠃
ᠲᠡᠳᠦᠢ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ᠂ ᠬᠤᠷᠴᠠ ᠪᠠᠢᠷᠢ ᠡᠨᠡ ᠭᠤᠷᠪᠠᠨ ᠰᠠᠢᠳ ᠢ᠋ ᠳᠡᠭᠡᠳᠦ ᠵᠠᠮ ᠤ᠋ᠨ ᠲᠠᠢᠹᠦ᠋ ᠲᠦᠰᠢᠮᠡᠯ᠂ ᠵᠢᠴᠢ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠮᠤᠬᠤᠯᠢ ᠶ᠋ᠢᠨ ᠳᠡᠭᠦᠦ ᠳᠠᠢᠰᠤᠨᠳᠠᠷᠤᠭᠴᠢ᠂ ᠴᠢᠯᠠᠭᠤᠨ ᠤ᠋ ᠳᠡᠭᠦᠦ ᠲᠡᠮᠦᠷ᠂ ᠪᠣᠲ᠋ᠣ ᠶ᠋ᠢᠨ ᠠᠪᠠᠭ᠎ᠠ ᠪᠤᠰᠤᠩ᠂ ᠮᠡᠩᠭᠡᠯᠢᠭ ᠦ᠋ᠨ ᠳᠡᠭᠦᠦ ᠮᠡᠩᠭᠡᠲᠦ᠂ ᠲᠡᠭᠦᠰᠴᠣᠭᠲᠤ ᠡᠨᠡ ᠨᠠᠢ᠍ᠮᠠᠨ ᠲᠦᠰᠢᠮᠡᠯ ᠢ᠋ ᠰᠢᠳᠠᠷ ᠰᠠᠢᠳ ᠤ᠋ᠨ ᠳᠤᠮᠳᠠᠳᠤ ᠵᠠᠮ ᠤ᠋ᠨ ᠲᠠᠢᠹᠦ᠋ ᠲᠦᠰᠢᠮᠡᠯ᠃ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ᠂ ᠴᠠᠢᠯᠵᠢ ᠠᠢᠮᠠᠭ ᠤ᠋ᠨ ᠤᠷᠲᠤ ᠪᠣᠳᠣᠯᠭᠠᠲᠤ᠂ ᠤᠬᠠᠭᠠᠨᠲᠤ ᠷᠢᠨᠴᠢᠨ᠂ ᠮᠠᠢᠯᠵᠢ ᠶ᠋ᠢᠨ ᠳᠠᠷᠢᠰᠣᠨᠤᠰᠤᠭᠴᠢ᠂ ᠵᠠᠷᠤᠳ ᠤ᠋ᠨ ᠳᠣᠣᠷᠠᠲᠤ ᠵᠠᠮ ᠤ᠋ᠨ ᠲᠠᠢᠹᠦ᠋ ᠲᠦᠰᠢᠮᠡᠯ᠂ ᠬᠡᠷᠡᠢᠳ ᠦ᠋ᠨ ᠲᠤᠰᠬᠤ᠂ ᠨᠠᠢ᠍ᠮᠠᠨ ᠤ᠋ ᠠᠯᠲᠠᠨᠱᠠᠭ᠎ᠠ ᠬᠣᠶᠠᠷ ᠢ᠋ ᠵᠡᠭᠦᠨ ᠪᠠᠷᠠᠭᠤᠨ ᠤ᠋ ᠪᠡᠢᠯᠡ ᠶᠡᠬᠡ ᠵᠠᠩᠵᠤᠨ ᠪᠥᠭᠡᠳ ᠲᠥᠷᠥ ᠶ᠋ᠢᠨ ᠹᠦ ᠮᠠ᠋ ᠲᠠᠪᠤᠨᠠᠩ᠂ ᠲᠠᠢᠶᠠᠩ ᠬᠠᠭᠠᠨ ᠤ᠋ ᠥᠬᠢᠨ ᠬᠠᠰ ᠲᠤᠶᠠᠭ᠎ᠠ᠂ ᠬᠡᠷᠡᠢᠳ ᠦ᠋ᠨ ᠸᠠᠩ ᠬᠠᠨ ᠤ᠋ ᠥᠬᠢᠨ ᠰᠣᠯᠤᠩᠭᠤᠸ᠎ᠠ ᠬᠣᠶᠠᠭᠤᠯᠠ ᠶ᠋ᠢ ᠲᠥᠷᠥ ᠶ᠋ᠢᠨ ᠭᠦᠩᠵᠦ ᠡᠷᠭᠦᠮᠵᠢᠯᠡᠭᠡᠳ ᠵᠠᠷᠯᠢᠭ ᠣᠯᠤᠭᠰᠠᠨ ᠠᠨᠤ :《ᠬᠡᠷᠡᠢᠳ᠂ ᠨᠠᠢ᠍ᠮᠠᠨ ᠬᠡᠳᠦᠢᠪᠡᠷ ᠳᠠᠢᠯᠠᠨ ᠳᠠᠭᠠᠭᠤᠯᠤᠭᠰᠠᠨ ᠪᠣᠯᠪᠠᠴᠤ ᠤᠭ ᠮᠢᠨᠦ ᠵᠡᠷᠭᠡᠯᠡᠳᠡᠭᠡ ᠤᠯᠤᠰ᠂ ᠲᠡᠭᠦᠨ ᠦ᠌ ᠳᠡᠭᠡᠳᠦ ᠯᠦ᠍ᠭᠡ ᠮᠠᠨ ᠤ᠋ ᠡᠴᠢᠭᠡ ᠬᠠᠭᠠᠨ ᠪᠠᠭᠠᠲᠤᠷ ᠡᠵᠡᠨ ᠦ᠌ ᠦᠶ᠎ᠡ ᠳ᠋ᠦ᠍ᠷ ᠦᠷᠭᠦᠯᠵᠢ ᠵᠢᠷᠭᠠᠯᠠᠩ ᠵᠣᠪᠠᠯᠠᠩ ᠢ᠋ ᠬᠠᠮᠲᠤᠳᠬᠠᠨ ᠶᠠᠪᠤᠭᠰᠠᠨ ᠲᠤᠯᠠ ᠡᠳᠦᠭᠡ ᠡᠷᠬᠢᠮ ᠥᠨᠳᠥᠷ ᠪᠣᠯᠤᠭᠠᠳ ᠬᠠᠭᠤᠴᠢᠨ ᠳᠠᠩ ᠰᠠᠴᠠᠭᠤ ᠶ᠋ᠢᠨ ᠤᠯᠤᠰ ᠢ᠋ ᠬᠡᠲᠦᠷᠬᠡᠶ᠎ᠡ ᠳᠣᠷᠣᠢ ᠪᠣᠯᠭᠠᠬᠤᠢ ᠳ᠋ᠤᠷ ᠮᠢᠨᠦ ᠮᠥᠨ ᠴᠢᠨᠠᠷ ᠠ᠋ᠴᠠ ᠦᠯᠦ ᠲᠥᠪᠳᠡᠮᠦ ! 》 ᠬᠡᠮᠡᠭᠰᠡᠨ ᠳ᠋ᠦ᠍ᠷ ᠠᠯᠲᠠᠨᠱᠠᠭ᠎ᠠ᠂ ᠲᠤᠰᠬᠤ᠂ ᠬᠣᠶᠠᠷ ᠲᠥᠷᠥ ᠶ᠋ᠢᠨ ᠭᠦᠩᠵᠦ ᠰᠣᠯᠣᠩᠭᠤᠸ᠎ᠠ᠂ ᠬᠠᠰ ᠲᠤᠶᠠᠭ᠎ᠠ ᠨᠠᠷ ᠨᠢᠳᠦᠨ ᠳ᠋ᠦ᠍ᠷ ᠨᠢᠯᠪᠤᠰᠤᠨ ᠬᠤᠷᠠᠲᠠᠯᠠ ᠤᠶᠠᠷᠠᠨ ᠰᠦᠰᠦᠭᠯᠡᠵᠦ᠂ ᠬᠠᠭᠠᠨ ᠤ᠋ ᠬᠦᠨᠳᠦ ᠬᠡᠰᠢᠭ ᠲᠣᠷ ᠮᠠᠯᠠᠭ᠎ᠠ ᠪᠠᠨ ᠠᠪᠴᠤ ᠮᠥᠷᠭᠥᠪᠡ᠃ ᠲᠡᠳᠦᠢ ᠤᠭᠰᠠᠭ᠎ᠠ ᠶ᠋ᠢᠨ ᠲᠣᠭᠲᠣᠩᠭᠣ᠌ ᠪᠠᠭᠠᠲᠤᠷ᠂ ᠵᠦᠷᠴᠢᠳ ᠦ᠋ᠨ ᠰᠥᠪᠡᠭᠡᠲᠡᠢ ᠪᠠᠭᠠᠲᠤᠷ᠂ ᠭᠢᠯᠦᠭᠡᠨ ᠦ᠌ ᠭᠢᠯᠦᠭᠡᠨ ᠪᠠᠭᠠᠲᠤᠷ᠂ ᠵᠥᠷᠭᠡᠨ ᠦ᠌ ᠵᠥᠭᠡᠲᠡᠢ ᠪᠠᠭᠠᠲᠤᠷ᠂ ᠮᠠᠩᠭᠤᠳ ᠤ᠋ᠨ ᠬᠤᠢᠯᠠᠲᠠᠷ ᠬᠣᠰᠢᠭᠤᠴᠢ᠂ ᠡᠨᠡ ᠲᠠᠪᠤᠨ ᠪᠠᠭᠠᠲᠤᠷ ᠪᠠᠷᠰ ᠤ᠋ᠨ ᠵᠠᠩᠵᠤᠨ ᠢ᠋ ᠳᠡᠭᠡᠳᠦ ᠲᠠᠪᠤᠨ ᠬᠦᠩ ᠶᠡᠬᠡ ᠵᠠᠩᠵᠤᠨ ᠪᠥᠭᠡᠳ ᠪᠠᠰᠠ ᠸᠠᠩᠭᠦᠪ ᠠᠢᠮᠠᠭ ᠤ᠋ᠨ ᠳᠠᠴᠢᠩᠬᠤᠷᠯᠤ᠂ ᠪᠦᠲᠦᠨ᠎ᠡ ᠠᠢᠮᠠᠭ ᠤ᠋ᠨ ᠢᠯᠠᠭᠤᠭᠰᠠᠨ ᠬᠣᠶᠠᠭᠤᠯᠠ ᠶ᠋ᠢ ᠵᠡᠭᠦᠨ ᠪᠠᠷᠠᠭᠤᠨ ᠶᠡᠬᠡ ᠪᠡᠢᠯᠡ ᠪᠥᠭᠡᠳ ᠤᠯᠤᠰ ᠤ᠋ᠨ ᠵᠥᠪᠯᠡᠯ ᠦ᠋ᠨ ᠪᠢᠴᠢᠭ ᠱᠠᠰᠲᠢᠷ ᠤ᠋ᠨ ᠡᠷᠭᠢᠨ ᠰᠠᠢᠳ᠂ ᠡᠭᠦᠨ ᠡᠴᠡ ᠪᠤᠰᠤ ᠤᠷᠢᠳᠤ ᠬᠣᠢᠲᠤ ᠥᠪᠡᠷ ᠢ᠋ᠶ᠋ᠡᠨ ᠳᠠᠭᠠᠭᠰᠠᠨ ᠠᠢᠮᠠᠭ ᠤ᠋ᠳ ᠤ᠋ᠨ ᠡᠵᠡᠨ ᠲᠠᠪᠢᠭᠠᠳ ᠢᠯᠡᠭᠦᠦ ᠤᠯᠤᠰ ᠤ᠋ᠨ ᠡᠵᠡᠨ ᠢ᠋ ᠴᠥᠮ ᠬᠣᠢᠲᠤ ᠵᠠᠮ ᠤ᠋ᠨ ᠳᠡᠭᠡᠳᠦ ᠲᠠᠢᠹᠦ᠋ ᠲᠦᠰᠢᠮᠡᠯ ᠡᠷᠭᠦᠮᠵᠢᠯᠡᠵᠦ᠂ ᠳᠠᠢᠯᠠᠵᠤ ᠳᠠᠭᠠᠭᠤᠯᠤᠭᠰᠠᠨ ᠠᠷᠪᠠᠭᠠᠳ ᠠᠢᠮᠠᠭ ᠤ᠋ᠨ ᠡᠵᠡᠳ ᠢ᠋ ᠴᠥᠮ ᠭᠠᠳᠠᠭᠠᠳᠤ ᠵᠠᠮ ᠤ᠋ᠨ ᠳᠤᠮᠳᠠᠳᠤ ᠲᠠᠢᠹᠦ᠋ ᠲᠦᠰᠢᠮᠡᠯ ᠡᠷᠭᠦᠵᠦ᠂ ᠨᠢᠭᠡᠨ ᠵᠡᠷᠭᠡ ᠳᠡᠪᠰᠢᠭᠦᠯᠦᠨ ᠡᠷᠭᠦᠭᠡᠳ ᠪᠠᠭ᠎ᠠ ᠵᠠᠩᠵᠤᠨ ᠨᠠᠷ ᠢ᠋ ᠡᠷᠭᠦᠮᠵᠢᠯᠡᠭᠰᠡᠨ ᠢᠨᠦ : ᠮᠤᠬᠤᠯᠢ ᠶ᠋ᠢᠨ ᠶᠡᠬᠡ ᠬᠥᠪᠡᠭᠦᠨ ᠪᠤᠯᠤ ᠂ ᠪᠤᠭᠤᠷᠵᠢ ᠶ᠋ᠢᠨ ᠶᠡᠬᠡ ᠬᠥᠪᠡᠭᠦᠨ ᠡᠭᠦᠯᠡᠨ ᠴᠡᠷᠪᠢ᠂ ᠪᠤᠭᠤᠷᠤᠯ ᠤ᠋ᠨ ᠶᠡᠬᠡ ᠬᠥᠪᠡᠭᠦᠨ ᠪᠤᠳᠣᠯᠠᠩ᠂ ᠴᠢᠯᠠᠭᠤᠨ ᠤ᠋ ᠶᠡᠬᠡ ᠬᠥᠪᠡᠭᠦᠨ ᠠᠯᠮᠠᠰ᠂ ᠵᠡᠪᠡ ᠶ᠋ᠢᠨ ᠶᠡᠬᠡ ᠬᠥᠪᠡᠭᠦᠨ ᠠᠨᠠᠨᠳᠠ᠂ ᠵᠠᠯᠮ᠎ᠠ ᠶ᠋ᠢᠨ ᠭᠠᠭᠴᠠ ᠬᠥᠪᠡᠭᠦᠨ ᠸᠠᠩ ᠴᠡᠴᠡᠭ᠂ ᠴᠤᠤ ᠮᠡᠷᠭᠡᠨ ᠦ᠌ ᠶᠡᠬᠡ ᠬᠥᠪᠡᠭᠦᠨ ᠬᠣᠪᠤᠯᠠᠢ᠂ ᠬᠠᠷ᠎ᠠ ᠬᠢᠷᠤ ᠶ᠋ᠢᠨ ᠶᠡᠬᠡ ᠬᠥᠪᠡᠭᠦᠨ ᠥᠳᠥ – ᠶᠢᠰᠦᠨ ᠡᠩ ᠦ᠋ᠨ ᠥᠷᠯᠥᠭ ᠨᠣᠶᠠᠳ ᠤ᠋ᠨ ᠴᠣᠯᠠ ᠵᠠᠯᠭᠠᠮᠵᠢᠯᠠᠬᠤ ᠬᠡᠦᠬᠡᠳ ᠪᠥᠭᠡᠳ ᠴᠥᠮ ᠳᠣᠣᠷᠠᠲᠤ ᠵᠠᠮ ᠤ᠋ᠨ ᠲᠠᠢᠹᠦ᠋ ᠲᠦᠰᠢᠮᠡᠯ ᠡᠷᠭᠦᠮᠵᠢᠯᠡᠪᠡ᠃ ᠵᠢᠴᠢ ᠳᠥᠷᠪᠡᠨ ᠳᠡᠭᠦᠦ ᠴᠢᠨ ᠸᠠᠩ ᠤ᠋ᠨ ᠬᠡᠦᠬᠡᠳ ᠦ᠋ᠨ ᠴᠣᠯᠠ ᠵᠠᠯᠭᠠᠮᠵᠢᠯᠠᠬᠤ ᠶ᠋ᠢ ᠲᠣᠭᠲᠠᠭᠠᠬᠤ ᠠᠨᠤ : ᠪᠠ ᠴᠢᠨ ᠸᠠᠩ ᠪᠡᠯᠭᠦᠳᠡᠢ ᠶ᠋ᠢᠨ ᠶᠡᠬᠡ ᠬᠥᠪᠡᠭᠦᠨ ᠲᠠᠢᠽᠢ ᠬᠤᠲᠤᠭᠲᠤ᠂ ᠬᠠ ᠴᠢᠨ ᠸᠠᠩ ᠬᠠᠰᠠᠷ ᠤ᠋ᠨ ᠶᠡᠬᠡ ᠬᠥᠪᠡᠭᠦᠨ ᠲᠠᠢᠽᠢ ᠳᠣᠶᠣ᠂ ᠭᠠ ᠴᠢᠨ ᠸᠠᠩ ᠭᠠᠴᠤᠭ ᠤ᠋ᠨ ᠶᠡᠬᠡ ᠬᠥᠪᠡᠭᠦᠨ ᠲᠠᠢᠽᠢ ᠮᠣᠩᠭᠣᠯ ᠪᠤᠭᠤ᠂ ᠣ ᠴᠢᠨ ᠸᠠᠩ ᠤ᠋ᠨ ᠶᠡᠬᠡ ᠬᠥᠪᠡᠭᠦᠨ ᠲᠠᠢᠽᠢ ᠡᠷᠳᠡᠨᠢ ᠰᠠᠷᠠᠨ᠂ ᠮᠣᠩᠭᠣᠯ ᠰᠠᠷᠠᠨ᠂ ᠡᠨᠡ ᠵᠢᠷᠭᠤᠭᠠᠨ ᠲᠠᠢᠽᠢ ᠶ᠋ᠢ ᠲᠠᠢᠽᠦ ᠴᠢᠩᠭᠢᠰ ᠬᠠᠭᠠᠨ ᠤ᠋ ᠳᠥᠷᠪᠡᠨ ᠲᠠᠢᠽᠢ ᠨᠠᠷ ᠤ᠋ᠨ ᠶᠣᠰᠣᠭᠠᠷ ᠡᠮᠦᠰᠴᠦ ᠵᠡᠭᠦᠯᠭᠡᠨ ᠶᠠᠪᠤᠭᠤᠯ ᠭᠡᠮᠡᠨ ᠡᠷᠭᠦᠵᠦ᠂ ᠵᠢᠴᠢ ᠮᠤᠬᠤᠯᠢ ᠶ᠋ᠢᠨ ᠳᠡᠳ᠋ ᠬᠥᠪᠡᠭᠦᠨ ᠰᠦᠷᠲᠦ᠂ ᠪᠤᠭᠤᠷᠵᠢ ᠶ᠋ᠢᠨ ᠳᠡᠳ᠋ ᠬᠥᠪᠡᠭᠦᠨ ᠫᠣᠯᠢᠭᠲᠠᠢ᠂ ᠪᠤᠭᠤᠷᠤᠯ ᠤ᠋ᠨ ᠳᠡᠳ᠋ ᠬᠥᠪᠡᠭᠦᠨ ᠤᠬᠠᠭᠠᠨᠲᠠᠢ᠂ ᠴᠢᠯᠠᠭᠤᠨ ᠤ᠋ ᠵᠢᠴᠢ ᠬᠥᠪᠡᠭᠦᠨ ᠸᠴᠢᠷ᠂ ᠰᠢᠷᠢ ᠬᠤᠲᠤᠭ ᠤ᠋ᠨ ᠳᠡᠳ᠋ ᠬᠥᠪᠡᠭᠦᠨ ᠰᠤᠪᠤᠲᠠᠢ᠂ ᠵᠡᠪᠡ ᠶ᠋ᠢᠨ ᠳᠡᠳ᠋ ᠬᠥᠪᠡᠭᠦᠨ ᠳᠤᠭᠤᠯᠠᠭ᠎ᠠ ᠲᠡᠮᠦᠷ᠂ ᠴᠤᠤ ᠮᠡᠷᠭᠡᠨ ᠦ᠌ ᠳᠡᠳ᠋ ᠬᠥᠪᠡᠭᠦᠨ ᠱᠣᠪᠤᠯᠤᠢ᠂ ᠬᠠᠷ᠎ᠠ ᠬᠢᠷᠤ ᠶ᠋ᠢᠨ ᠳᠡᠳ᠋ ᠬᠥᠪᠡᠭᠦᠨ ᠰᠣᠳᠣ᠂ ᠴᠢᠨᠳᠠᠭᠠᠨ᠎ᠠ ᠰᠡᠴᠡᠨ ᠦ᠌ ᠬᠣᠶᠠᠷ ᠬᠥᠪᠡᠭᠦᠨ ᠸᠠᠢᠵᠢᠩ᠂ ᠠᠯᠢᠵᠠᠩ᠂ ᠬᠤᠳᠠᠭᠠᠨ᠎ᠠ ᠪᠡᠬᠢ ᠶ᠋ᠢᠨ ᠬᠣᠶᠠᠷ ᠬᠥᠪᠡᠭᠦᠨ ᠬᠦᠷᠡᠯ ᠪᠦᠰᠡ᠂ ᠬᠦᠳᠡᠷ ᠪᠦᠰᠡ᠂ ᠬᠤᠷᠴᠠ ᠪᠠᠢᠷᠢ ᠶ᠋ᠢᠨ ᠬᠣᠶᠠᠷ ᠬᠥᠪᠡᠭᠦᠨ ᠪᠤᠭᠤᠲᠤ ᠬᠤᠸᠠ᠂ ᠠᠯᠠᠭ ᠲᠤᠭᠤᠯ᠂ ᠣᠶᠤᠲᠤ ᠰᠡᠴᠡᠨ ᠦ᠌ ᠭᠠᠭᠴᠠ ᠬᠥᠪᠡᠭᠦᠨ ᠶᠣᠯᠣ ᠶ᠋ᠢᠨ ᠪᠠᠭᠠᠰᠤ᠂ ᠣᠶᠤᠨ ᠭᠤᠸ᠎ᠠ ᠶ᠋ᠢᠨ ᠬᠣᠶᠠᠷ ᠬᠥᠪᠡᠭᠦᠨ ᠤᠨᠵᠢᠭᠠᠢ᠂ ᠰᠤᠨᠵᠢᠭᠠᠢ᠂ ᠪᠤᠰᠦᠩ ᠦ᠋ᠨ ᠬᠥᠪᠡᠭᠦᠨ ᠲᠠᠵᠤᠨᠠᠢ᠂ ᠮᠡᠩᠭᠡᠲᠦ ᠶ᠋ᠢᠨ ᠬᠥᠪᠡᠭᠦᠨ ᠲᠠᠩᠭᠤᠳ᠂ ᠲᠡᠭᠦᠰᠴᠣᠭᠲᠤ ᠶ᠋ᠢᠨ ᠬᠥᠪᠡᠭᠦᠨ ᠨᠡᠷᠡᠭᠦᠢ᠂ ᠴᠣᠭᠲᠤ ᠶ᠋ᠢᠨ ᠬᠥᠪᠡᠭᠦᠨ ᠰᠡᠮᠦ᠂ ᠰᠠᠢᠬᠠᠨ ᠰᠤᠷᠲᠠᠯᠲᠤ ᠶ᠋ᠢᠨ ᠳᠡᠭᠦᠦ ᠥᠨᠢ ᠤᠷᠲᠤ ᠨᠠᠷ ᠢ᠋ ᠴᠥᠮ ᠳᠣᠣᠷᠠᠲᠤ ᠵᠠᠮ ᠤ᠋ᠨ ᠲᠠᠢᠹᠦ᠋ ᠲᠦᠰᠢᠮᠡᠯ ᠪᠥᠭᠡᠳ ᠴᠡᠷᠢᠭ ᠦ᠋ᠨ ᠬᠦᠷᠢᠶᠡᠨ ᠦ᠌ ᠲᠡᠷᠢᠭᠦᠯᠡᠭᠰᠡᠨ ᠵᠠᠩᠵᠤᠨ᠃ ᠲᠡᠳᠦᠢ ᠴᠢᠩᠭᠢᠰ ᠬᠠᠭᠠᠨ ᠵᠠᠷᠯᠢᠭ ᠪᠠᠭᠤᠯᠭᠠᠵᠤ ᠬᠡᠷᠡᠢᠳ ᠦ᠋ᠨ ᠪᠠᠢᠯᠳᠤᠭᠠᠨ᠎ᠠ ᠦᠬᠦᠭᠰᠡᠨ ᠥᠨᠳᠥᠷ ᠰᠡᠴᠡᠨ ᠦ᠌ ᠬᠡᠦᠬᠡᠳ ᠪᠤᠯᠢᠬ᠌ᠲᠤ ᠪᠠᠷᠰ᠂ ᠰᠢᠯᠢᠭᠲᠦ ᠪᠠᠷᠰ᠂ ᠲᠡᠰᠬᠡᠯ ᠪᠠᠷᠰ ᠠᠬ᠎ᠠ ᠳᠡᠭᠦᠦ ᠭᠤᠷᠪᠠᠭᠤᠯᠠ ᠶ᠋ᠢ ᠳᠠᠭᠤᠳᠠᠨ ᠳᠡᠷᠭᠡᠳᠡ ᠪᠡᠨ ᠠᠴᠢᠷᠠᠵᠤ᠂ ᠳᠡᠪᠡᠯ ᠬᠤᠪᠴᠠᠳ ᠮᠥᠩᠭᠥ ᠲᠣᠷᠭ᠎ᠠ᠂ ᠨᠤᠮᠤ ᠰᠤᠮᠤ᠂ ᠢᠯᠳᠦ ᠰᠦᠬᠡ ᠡᠮᠡᠭᠡᠯ ᠮᠣᠷᠢ ᠬᠠᠢᠷᠠᠯᠠᠵᠤ ᠵᠠᠷᠯᠢᠭ ᠪᠣᠯᠤᠷᠤᠨ :《ᠲᠠᠨ ᠤ᠋ ᠡᠴᠢᠭᠡ ᠥᠨᠳᠥᠷ ᠰᠡᠴᠡᠨ ᠡᠵᠡᠨ ᠢ᠋ᠶ᠋ᠡᠨ ᠡᠮᠦᠨ᠎ᠡ ᠡᠴᠢᠭᠡ ᠡᠬᠡ ᠡᠴᠡ ᠲᠥᠷᠥᠭᠰᠡᠨ ᠪᠡᠶ᠎ᠡ ᠪᠡᠨ ᠭᠡᠭᠡᠵᠦ ᠡᠷᠬᠢᠮ ᠵᠢᠷᠤᠮ ᠲᠠᠢ ᠲᠤᠯᠠ ᠠᠬ᠎ᠠ ᠦᠨᠡᠨ ᠢ᠋ ᠳᠠᠭᠠᠵᠤ ᠡᠰᠡ ᠤᠷᠪᠠᠭᠠᠳ ᠡᠨᠡ ᠡᠳᠦᠷ ᠲᠠ ᠭᠤᠷᠪᠠᠭᠤᠯᠠ ᠶ᠋ᠢ ᠥᠪᠡᠷᠮᠢᠴᠡ ᠡᠷᠭᠦᠵᠦ ᠱᠠᠩᠨᠠᠭᠰᠠᠨ ᠠᠨᠤ ᠡᠳᠡᠭᠡᠷ ᠴᠥᠮ ᠡᠴᠢᠭᠡ ᠶ᠋ᠢᠨ ᠴᠢᠨᠦ ᠡᠷᠬᠢᠮ ᠭᠠᠪᠢᠶ᠎ᠠ ᠳ᠋ᠤᠷ ᠪᠣᠯᠠᠢ ! 》ᠭᠡᠮᠡᠨ ᠳᠥᠷᠪᠡᠨ ᠲᠠᠢᠽᠢ ᠨᠠᠷ ᠤ᠋ᠨ ᠳᠡᠭᠡᠳᠦ ᠳᠤᠮᠳᠠᠳᠤ ᠳᠣᠣᠷᠠᠲᠤ ᠭᠤᠷᠪᠠᠨ ᠡᠷᠬᠢᠯᠡᠭᠰᠡᠨ ᠰᠠᠢᠳ᠂ ᠮᠢᠨᠦ ᠠᠯᠢ ᠬᠥᠪᠡᠭᠦᠨ ᠮᠢᠨᠦ ᠰᠠᠭᠤᠷᠢᠨ ᠢ᠋ ᠵᠠᠯᠭᠠᠮᠵᠢᠯᠠᠪᠠᠰᠤ ᠲᠠ ᠭᠤᠷᠪᠠᠨ ᠢ᠋ ᠠᠪᠴᠤ ᠲᠠᠢᠰᠢ ᠲᠠᠢᠹᠦ᠋᠂ ᠲᠠᠢᠪᠤᠤ ᠪᠣᠯᠭ᠎ᠠ ᠭᠡᠮᠡᠨ ᠵᠠᠷᠯᠢᠭ ᠪᠠᠭᠤᠯᠭᠠᠨ ᠲᠣᠭᠲᠠᠭᠠᠪᠠ᠃ ᠭᠤᠷᠪᠠᠨ ᠲᠦᠰᠢᠮᠡᠯ ᠬᠡᠰᠢᠭ ᠲᠣᠷ ᠮᠥᠷᠭᠥᠵᠦ ᠪᠠᠭᠤᠪᠠ᠃ ᠤᠭᠰᠠᠭ᠎ᠠ ᠶ᠋ᠢᠨ ᠵᠠᠮᠪᠠᠯ ᠤ᠋ᠨ ᠬᠣᠶᠠᠷ ᠬᠥᠪᠡᠭᠦᠨ ᠠᠬᠠᠢ᠂ ᠶᠠᠰᠢ᠂ ᠲᠣᠭᠲᠣᠩᠭᠣ ᠶ᠋ᠢᠨ ᠬᠣᠶᠠᠷ ᠬᠥᠪᠡᠭᠦᠨ ᠲᠠᠢᠵᠢ᠂ ᠠᠨᠳᠠᠨ᠂ ᠮᠡᠩᠭᠡᠯᠢᠭ ᠦ᠋ᠨ ᠬᠣᠶᠠᠷ ᠬᠥᠪᠡᠭᠦᠨ ᠠᠯᠤᠬ᠎ᠠ᠂ ᠰᠦᠬᠡ᠂ ᠳᠠᠴᠢᠩᠬᠣᠷᠯᠤ ᠶ᠋ᠢᠨ ᠬᠥᠪᠡᠭᠦᠨ ᠰᠢᠯᠢᠶᠠᠮᠪᠦ᠂ ᠢᠯᠠᠭᠤᠭᠰᠠᠨ ᠤ᠋ ᠬᠥᠪᠡᠭᠦᠨ ᠬᠠᠵᠤᠰᠢᠯ᠂ ᠳ᠋ᠠᠳᠠᠳᠤᠩᠭ᠎ᠠ ᠶ᠋ᠢᠨ ᠬᠥᠪᠡᠭᠦᠨ ᠳ᠋ᠦᠩ ᠶᠦᠨ᠂ ᠡᠨᠡ ᠳᠣᠯᠣᠭᠤᠯᠠ ᠶ᠋ᠢ ᠳᠣᠯᠣᠭᠠᠨ ᠰᠡᠴᠡᠳ ᠪᠠᠭᠠᠲᠤᠳ ᠭᠡᠮᠡᠨ ᠡᠷᠭᠦᠵᠦ᠂ ᠴᠥᠮ ᠳᠤᠮᠳᠠᠳᠤ ᠲᠠᠢᠹᠦ᠋ ᠲᠦᠰᠢᠮᠡᠳ ᠡᠷᠭᠦᠨ ᠳᠡᠳ᠋ ᠰᠠᠢᠳ ᠤ᠋ᠨ ᠵᠡᠷᠭᠡ ᠳ᠋ᠦ᠍ᠷ ᠪᠣᠯᠭᠠᠨ ᠡᠷᠭᠦᠮᠵᠢᠯᠡᠪᠡ᠃ ᠵᠢᠴᠢ ᠦᠯᠡᠳᠡᠭᠰᠡᠨ ᠵᠠᠯᠠᠭᠤ ᠰᠠᠢᠳ ᠲᠦᠰᠢᠮᠡᠳ ᠢ᠋ ᠪᠠᠰᠠ ᠴᠥᠮ ᠨᠢᠭᠡᠨ ᠵᠡᠷᠭᠡ ᠳᠡᠪᠰᠢᠭᠦᠯᠦᠨ ᠡᠷᠭᠦᠮᠵᠢᠯᠡᠪᠡ᠃ ᠡᠳᠦᠭᠡ ᠲᠠᠪᠤᠨ ᠠᠩᠭᠢ ᠡᠷᠭᠦᠮᠵᠢᠯᠡᠭᠰᠡᠨ ᠰᠠᠢᠳ ᠤ᠋ᠳ ᠢ᠋ ᠲᠠᠪᠤᠨ ᠡᠳᠦᠷ ᠬᠤᠷᠢᠮᠯᠠᠨ ᠶᠡᠬᠡᠯ᠎ᠡ ᠱᠠᠩᠨᠠᠪᠠ᠃ ᠭᠠᠳᠠᠭᠠᠳᠤ ᠳᠣᠲᠣᠭᠠᠳᠤ ᠵᠠᠭᠤᠨ ᠲᠦᠰᠢᠮᠡᠳ ᠲᠦᠮᠡᠨ ᠨᠠᠰᠤᠲᠤ ᠭᠡᠮᠡᠨ ᠲᠡᠭᠷᠢ ᠶ᠋ᠢᠨ ᠬᠡᠰᠢᠭ ᠲᠣᠷ ᠮᠥᠷᠭᠥᠪᠡ᠃ ᠳᠠᠭᠠᠯᠳᠤᠭ᠎ᠠ ᠬᠤᠸᠠ ᠶ᠋ᠢᠨ ᠭᠦᠩᠵᠦ ᠰᠡᠴᠡᠨ ᠰᠡᠴᠢᠭᠯᠢᠭ ᠠᠪᠠᠬᠠᠢ ᠶ᠋ᠢ ᠴᠡᠴᠡᠭ ᠹᠦ ᠮᠠ᠋ ᠲᠠᠪᠤᠨᠠᠩ ᠳ᠋ᠤᠷ ᠬᠣᠯᠪᠣᠬᠤ ᠶᠡᠬᠡ ᠶᠣᠰᠣᠯᠠᠯ ᠤ᠋ᠨ ᠬᠤᠷᠢᠮ ᠲᠣᠢ ᠶ᠋ᠢ ᠡᠬᠢᠯᠡᠵᠦ᠂ ᠣᠯᠠᠨ ᠸᠠᠩ ᠤ᠋ᠳ ᠵᠠᠭᠤᠨ ᠲᠦᠰᠢᠮᠡᠳ ᠪᠠᠶᠠᠷ ᠤ᠋ᠨ ᠶᠣᠰᠣᠭᠠᠷ ᠴᠢᠮᠡᠵᠦ᠂ ᠵᠡᠯᠮ᠎ᠡ ᠶᠢᠰᠦᠨ ᠶᠢᠰᠦᠨ ᠨᠠᠶᠠᠨ ᠨᠢᠭᠡᠨ ᠦ᠌ ᠶᠡᠬᠡ ᠪᠡᠯᠡᠭ ᠢ᠋ ᠡᠷᠭᠦᠵᠦ᠂ ᠶᠢᠰᠦᠨ ᠤᠳᠠᠭ᠎ᠠ ᠶ᠋ᠢᠨ ᠶᠡᠬᠡ ᠪᠡᠯᠭᠡᠯᠡᠯ ᠶᠣᠰᠣᠯᠠᠯ ᠢ᠋ ᠡᠷᠭᠦᠵᠦ᠂ ᠬᠥᠪᠡᠭᠦᠨ ᠲᠠᠪᠤᠨᠠᠩ ᠴᠡᠴᠡᠭ ᠹᠦ ᠮᠠ᠋ ᠳ᠋ᠤᠷ ᠬᠤᠸᠠ ᠶ᠋ᠢᠨ ᠭᠦᠩᠵᠦ ᠶ᠋ᠢ ᠪᠠᠭᠤᠯᠭᠠᠨ ᠠᠪᠬᠤᠢ ᠳ᠋ᠤᠷ ᠣᠯᠠᠨ ᠸᠠᠩ ᠦ᠋ᠳ ᠦ᠋ᠨ ᠬᠠᠲᠤᠳ᠂ ᠵᠠᠭᠤᠨ ᠰᠠᠢᠳ ᠤ᠋ᠳ ᠤ᠋ᠨ ᠥᠬᠢᠳ ᠡᠬᠡᠨᠡᠷ ᠨᠠᠷ ᠳᠣᠲᠣᠭᠠᠳᠤ ᠣᠷᠲᠣᠨ᠎ᠠ ᠡᠭᠦᠯᠡᠨ ᠮᠡᠲᠦ ᠴᠢᠭᠤᠯᠤᠨ᠂ ᠭᠠᠳᠠᠭᠠᠳᠤ ᠲᠥᠷᠥ ᠳ᠋ᠦ᠍ᠷ ᠳᠥᠷᠪᠡᠨ ᠸᠠᠩ ᠵᠢᠷᠭᠤᠭᠠᠨ ᠴᠢᠩ᠂ ᠶᠢᠰᠦᠨ ᠡᠩ᠂ ᠵᠠᠭᠤᠨ ᠰᠠᠢᠳ ᠣᠳᠣᠨ ᠮᠡᠲᠦ ᠬᠤᠷᠠᠵᠤ᠂ ᠲᠠᠪᠤᠨ ᠲᠠᠢᠰᠢ ᠲᠠᠪᠤᠨᠠᠩ ᠹᠦ ᠮᠠ᠋ ᠴᠡᠴᠡᠭ ᠢ᠋ ᠤᠳᠤᠷᠢᠳᠤᠨ ᠳᠣᠲᠣᠭᠠᠳᠤ ᠣᠷᠳᠣᠨ ᠳ᠋ᠤᠷ ᠣᠷᠣᠭᠤᠯᠵᠤ᠂ ᠳᠥᠷᠪᠡᠨ ᠸᠠᠩ ᠳᠥᠷᠪᠡᠨ ᠲᠠᠢᠽᠢ ᠨᠠᠷ ᠲᠣᠰᠴᠤ ᠤᠭᠲᠤᠨ ᠠᠪᠴᠤ ᠲᠠᠢᠬᠡᠦ ᠶ᠋ᠢᠨ ᠣᠷᠳᠣᠨ᠎ᠠ ᠤᠳᠤᠷᠢᠳᠤᠨ ᠣᠷᠣᠭᠤᠯᠵᠤ ᠮᠥᠷᠭᠥᠭᠦᠯᠦᠨ᠂ ᠬᠠᠭᠠᠨ ᠤ᠋ ᠡᠮᠦᠨ᠎ᠡ ᠶᠣᠰᠣᠯᠠᠭᠤᠯᠵᠤ᠂ ᠬᠤᠸᠠᠩᠬᠡᠦ ᠶ᠋ᠢᠨ ᠣᠷᠲᠣᠨ᠎ᠠ ᠮᠥᠷᠭᠥᠭᠦᠯᠵᠦ᠂ ᠭᠠᠯ ᠭᠣᠯᠣᠮᠲᠠ ᠶ᠋ᠢ ᠲᠠᠬᠢᠭᠤᠯᠤᠨ᠂ ᠶᠡᠬᠡ ᠰᠦᠯᠳᠡ ᠬᠠᠯᠢᠮ ᠤ᠋ᠨ ᠬᠤᠷᠢᠮ ᠢ᠋ ᠨᠡᠭᠡᠭᠡᠵᠦ᠂ ᠵᠢᠷᠭᠤᠭᠠᠨ ᠶᠣᠰᠣᠯᠠᠯ ᠢ᠋ ᠲᠡᠭᠦᠰᠬᠡᠵᠦ᠂ ᠰᠠᠢᠨ ᠡᠳᠦᠷ ᠦ᠋ᠨ ᠰᠠᠢᠬᠠᠨ ᠥᠷᠯᠥᠭᠡ ᠪᠠᠷᠰ ᠴᠠᠭ ᠲᠤᠷ ᠶᠢᠰᠦᠨ ᠳᠠᠪᠬᠤᠷ ᠤ᠋ᠨ ᠳᠣᠲᠣᠷ᠎ᠠ ᠠ᠋ᠴᠠ ᠨᠠᠷᠢᠨ ᠬᠥᠭᠵᠢᠮ ᠡᠭᠦᠰᠬᠡᠨ᠂ ᠠᠩᠬᠢᠯᠤᠮᠠᠯ ᠬᠦᠵᠢᠰ ᠰᠢᠲᠠᠭᠠᠵᠤ᠂ ᠰᠢᠳᠠᠷ ᠰᠠᠢᠳ ᠤ᠋ᠳ ᠮᠠᠩᠨᠤᠭ ᠬᠥᠰᠢᠭᠡ ᠶ᠋ᠢᠨ ᠡᠮᠦᠨ᠎ᠡ ᠬᠣᠶᠠᠷ ᠠᠢᠮᠠᠭᠯᠠᠨ ᠵᠢᠭᠰᠠᠭᠠᠨ ᠬᠦᠵᠢ ᠪᠠᠷᠢᠨ ᠶᠠᠪᠤᠯᠴᠠᠵᠤ᠂ ᠲᠡᠷᠢᠭᠦᠯᠡᠭᠰᠡᠨ ᠰᠠᠢᠳ ᠰᠢᠷ᠎ᠠ ᠯᠤᠤᠲᠤ ᠰᠤᠪᠤᠳᠯᠢᠭ ᠰᠡᠦᠬᠡ ᠶ᠋ᠢ ᠲᠦᠰᠢᠵᠦ᠂ ᠹᠦ ᠮᠠ᠋ ᠴᠡᠴᠡᠭ ᠦ᠋ᠨ ᠮᠣᠷᠢ ᠳ᠋ᠤᠷ ᠠᠯᠲᠠᠨ ᠤ᠋ ᠡᠮᠡᠭᠡᠯ ᠬᠠᠰ ᠤ᠋ᠨ ᠬᠠᠵᠠᠭᠠᠷ ᠡᠷᠳᠡᠨᠢ ᠶ᠋ᠢᠨ ᠨᠣᠭᠲᠣ᠂ ᠠᠯᠲᠠᠨ ᠤ᠋ ᠳᠥᠷᠥᠭᠡ᠂ ᠪᠡᠶ᠎ᠡ ᠳ᠋ᠦ᠍ᠷ ᠯᠤᠤ ᠶ᠋ᠢᠨ ᠬᠤᠪᠴᠠᠳ ᠮᠠᠩᠨᠤᠭ ᠳᠡᠪᠡᠯ᠂ ᠡᠷᠳᠡᠨᠢ ᠶ᠋ᠢᠨ ᠰᠢᠷᠬᠡᠭᠲᠦ ᠠᠯᠲᠠᠨ ᠤ᠋ ᠬᠣᠭᠣᠯᠠᠪᠴᠢ ᠪᠠᠷᠢᠵᠤ᠂ ᠰᠡᠦᠬᠡ ᠶ᠋ᠢᠨ ᠡᠮᠦᠨ᠎ᠡ ᠶᠠᠪᠤᠨ ᠬᠣᠯᠪᠣᠬᠤ ᠶᠣᠰᠣᠯᠠᠯ ᠤ᠋ᠨ ᠶᠡᠬᠡ ᠤᠷᠳᠣᠨ᠎ᠠ ᠬᠦᠷᠦᠭᠰᠡᠨ ᠳ᠋ᠦ᠍ᠷ ᠭᠠᠳᠠᠭᠠᠳᠤ ᠵᠠᠭᠤᠨ ᠲᠤᠰᠢᠮᠡᠳ᠂ ᠲᠠᠪᠤᠨᠠᠩ ᠴᠡᠴᠡᠭ ᠹᠦ ᠮᠠ᠋ ᠶ᠋ᠢᠨ ᠮᠣᠷᠢ ᠶ᠋ᠢ ᠤᠨᠤᠭᠤᠯᠤᠭᠰᠠᠭᠠᠷ ᠳᠣᠲᠣᠭᠠᠳᠤ ᠣᠷᠳᠣᠨ᠎ᠠ ᠬᠥᠲᠥᠯᠦᠨ ᠣᠷᠣᠭᠤᠯᠵᠤ᠂ ᠲᠡᠭᠷᠢ ᠭᠠᠵᠠᠷ ᠤ᠋ᠨ ᠲᠠᠬᠢᠯ ᠤ᠋ᠨ ᠰᠢᠷᠡᠭᠡᠨ ᠦ᠌ ᠡᠮᠦᠨ᠎ᠡ ᠮᠣᠷᠢᠨ ᠠ᠋ᠴᠠ ᠪᠠᠭᠤᠵᠤ᠂ ᠰᠢᠷ᠎ᠠ ᠮᠠᠩᠨᠤᠭ ᠰᠠᠭᠠᠳᠠᠭ ᠢ᠋ ᠠᠪᠴᠤ ᠡᠮᠦᠨ᠎ᠡ ᠪᠠᠷᠢᠪᠠ᠃ ᠳᠠᠭᠠᠯᠳᠤᠭ᠎ᠠ ᠡᠷᠬᠢᠯᠡᠭᠰᠡᠨ ᠰᠠᠢᠳ ᠭᠦᠩᠵᠦ ᠶ᠋ᠢᠨ ᠰᠤᠪᠤᠳᠯᠢᠭ ᠰᠡᠦᠬᠡ ᠶ᠋ᠢ ᠲᠦᠰᠢᠭᠰᠡᠭᠡᠷ ᠮᠥᠨ ᠬᠦᠷᠴᠦ ᠢᠷᠡᠨ᠂ ᠣᠯᠠᠨ ᠸᠠᠩ ᠤ᠋ᠳ ᠤ᠋ᠨ ᠬᠠᠲᠤᠳ ᠬᠤᠸᠠ ᠶ᠋ᠢᠨ ᠭᠦᠩᠵᠦ ᠶ᠋ᠢ ᠰᠡᠦᠬᠡ ᠡᠴᠡ ᠳᠥᠰᠢᠨ ᠪᠠᠭᠤᠯᠭᠠᠵᠤ᠂ ᠹᠦ ᠮᠠ᠋ ᠯᠤᠭ᠎ᠠ ᠲᠡᠭᠷᠢ ᠭᠠᠵᠠᠷ ᠲᠤᠷ ᠶᠣᠰᠣᠯᠠᠭᠤᠯᠤᠨ᠂ ᠬᠣᠯᠠ ᠠ᠋ᠴᠠ ᠬᠠᠭᠠᠨ ᠬᠤᠸᠠᠩᠬᠡᠦ ᠶ᠋ᠢᠨ ᠵᠦᠭ ᠮᠥᠷᠭᠥᠭᠦᠯᠵᠦ᠂ ᠬᠠᠷᠢᠯᠴᠠᠨ ᠶᠣᠰᠣ ᠬᠢᠯᠭᠡᠵᠦ᠂ ᠯᠤᠤ ᠭᠠᠷᠤᠳᠢ ᠶ᠋ᠢᠨ ᠮᠠᠩᠨᠤᠭ ᠤ᠋ᠨ ᠰᠢᠷ᠎ᠠ ᠥᠷᠭᠥᠭᠡ ᠳ᠋ᠦ᠍ᠷ ᠵᠠᠯᠠᠵᠤ᠂ ᠰᠤᠪᠤᠳ ᠬᠠᠲᠠᠭᠰᠠᠨ ᠬᠥᠰᠢᠭᠡ ᠳ᠋ᠦ᠍ᠷ ᠣᠷᠣᠭᠤᠯᠵᠤ᠂ ᠠᠯᠲᠠᠨ ᠬᠣᠯᠪᠣᠭ᠎ᠠ ᠶ᠋ᠢᠨ ᠬᠤᠨᠳᠠᠭ᠎ᠠ ᠬᠤᠷᠢᠮ ᠢ᠋ ᠪᠠᠷᠢᠵᠤ᠂ ᠬᠥᠰᠢᠭᠡ ᠶ᠋ᠢ ᠤᠨᠠᠭᠠᠮᠠᠭᠴᠠ ᠬᠣᠯᠪᠣᠬᠤ ᠶᠣᠰᠣᠨ ᠢ᠋ ᠭᠦᠢᠴᠡᠳᠬᠡᠬᠦ ᠨᠠᠷᠢᠨ ᠬᠥᠭᠵᠢᠮ ᠬᠣᠯᠠ ᠲᠠᠭᠲᠤ ᠳ᠋ᠤᠷ ᠡᠭᠦᠰᠬᠡᠪᠡ᠃ ᠬᠠᠭᠠᠨ ᠲᠡᠷᠢᠭᠦᠯᠡᠨ ᠵᠠᠭᠤᠨ ᠲᠦᠰᠢᠮᠡᠳ ᠳᠣᠲᠣᠷ᠎ᠠ ᠭᠠᠳᠠᠨ᠎ᠠ ᠭᠤᠷᠪᠠᠨ ᠡᠳᠦᠷ ᠶᠡᠬᠡ ᠬᠤᠷᠢᠮ ᠬᠤᠷᠢᠮᠯᠠᠪᠠ᠃ ᠳᠠᠭᠠᠯᠳᠤᠭ᠎ᠠ ᠪᠠᠰᠠ ᠵᠣᠴᠢ᠂ ᠴᠠᠭᠠᠲᠠᠢ ᠬᠣᠶᠠᠷ ᠲᠠᠢᠽᠢ ᠴᠢᠨ ᠸᠠᠩ ᠤ᠋ᠨ ᠬᠠᠲᠤᠨ ᠢ᠋ ᠬᠣᠯᠪᠣᠭᠰᠠᠨ ᠶᠣᠰᠣᠨ ᠢ᠋ ᠭᠦᠢᠴᠡᠳᠬᠡᠨ ᠬᠣᠯᠪᠣᠬᠤ ᠲᠤᠯᠠ ᠵᠢᠨᠦᠩ ᠲᠠᠢᠪᠤᠤ ᠮᠤᠬᠤᠯᠢ ᠶ᠋ᠢᠨ ᠬᠣᠶᠠᠳᠤᠭᠠᠷ ᠥᠬᠢᠨ ᠰᠠᠷᠠᠨ ᠬᠥᠬᠥᠭᠡ ᠶ᠋ᠢ ᠲᠠᠢᠽᠢ ᠵᠣᠴᠢ ᠳ᠋ᠤᠷ ᠪᠠᠭᠤᠯᠭᠠᠬᠤ᠂ ᠬᠥᠯᠭᠡ ᠪᠤᠭᠤᠷᠵᠢ ᠶ᠋ᠢᠨ ᠭᠤᠷᠪᠠᠳᠤᠭᠠᠷ ᠥᠬᠢᠨ ᠣᠨᠳᠣᠷᠭ᠎ᠠ ᠭᠡᠷᠡᠯ ᠢ᠋ ᠬᠣᠶᠠᠳᠤᠭᠠᠷ ᠲᠠᠢᠽᠢ ᠴᠠᠭᠠᠲᠠᠢ ᠳ᠋ᠤᠷ ᠪᠠᠭᠤᠯᠭᠠᠬᠤ ᠡᠨᠡ ᠬᠣᠶᠠᠷ ᠬᠡᠷᠡᠭ ᠬᠠᠮᠲᠤ ᠵᠠᠯᠭᠠᠯᠳᠤᠭᠰᠠᠨ ᠲᠤᠯᠠ ᠮᠣᠩᠭᠣᠯ ᠤᠯᠤᠰ ᠤ᠋ᠨ ᠲᠥᠷᠥ ᠳ᠋ᠦ᠍ᠷ ᠤᠷᠤᠭ ᠤ᠋ᠨ ᠬᠣᠯᠪᠣᠭ᠎ᠠ ᠶ᠋ᠢᠨ ᠬᠡᠷᠡᠭ ᠢ᠋ ᠵᠠᠯᠭᠠᠯᠳᠤᠭᠤᠯᠵᠤ᠂ ᠣᠢᠷ᠎ᠠ ᠭᠡᠷ ᠦ᠋ᠨ ᠬᠠ ᠴᠢᠨ ᠸᠠᠩ ᠬᠠᠰᠠᠷ ᠤ᠋ᠨ ᠬᠥᠪᠡᠭᠦᠨ ᠲᠠᠢᠽᠢ ᠳᠣᠶᠣ ᠳ᠋ᠤᠷ ᠬᠥᠯᠭᠡ ᠪᠤᠭᠤᠷᠵᠢ ᠶ᠋ᠢᠨ ᠳᠥᠷᠪᠡᠳᠦᠭᠡᠷ ᠥᠬᠢᠨ ᠮᠢᠷᠠᠯᠵᠠᠨ ᠲᠤᠶᠠᠭ᠎ᠠ ᠶ᠋ᠢ ᠪᠠᠭᠤᠯᠭᠠᠬᠤ ᠪᠠ ᠪᠠ ᠴᠢᠨ ᠸᠠᠩ ᠪᠡᠯᠭᠦᠳᠡᠢ ᠶ᠋ᠢᠨ ᠶᠡᠬᠡ ᠬᠥᠪᠡᠭᠦᠨ ᠲᠠᠢᠽᠢ ᠪᠣᠯᠣᠳ ᠲᠤᠷ ᠲᠠᠢᠪᠤᠤ ᠵᠡᠪᠡ ᠶ᠋ᠢᠨ ᠶᠡᠬᠡ ᠥᠬᠢᠨ ᠵᠣᠷᠢᠭᠲᠤ ᠭᠤᠸ᠎ᠠ ᠶ᠋ᠢ ᠪᠠᠭᠤᠯᠭᠠᠨ ᠠᠪᠬᠤᠢ ᠳ᠋ᠤᠷ ᠡᠨᠡ ᠲᠠᠪᠤᠨ ᠵᠦᠢᠯ ᠦ᠋ᠨ ᠪᠠᠶᠠᠷ ᠬᠤᠷᠢᠮ ᠤ᠋ᠨ ᠬᠣᠯᠪᠣᠬᠤ ᠶᠣᠰᠣᠯᠠᠯ ᠨᠠᠮᠤᠷ ᠤ᠋ᠨ ᠲᠡᠷᠢᠭᠦᠨ ᠰᠠᠷ᠎ᠠ ᠬᠦᠷᠲᠡᠯ᠎ᠡ ᠵᠠᠯᠭᠠᠯᠳᠤᠨ ᠬᠠᠷᠢᠯᠴᠠᠵᠤ ᠮᠠᠰᠢ ᠬᠥᠷ ᠨᠠᠢᠷᠲᠠᠢ ᠪᠥᠬᠥᠶ᠎ᠡ᠂ ᠯᠢ ᠴᠢᠯᠢ ᠬᠣᠷᠣᠭ᠎ᠠ ᠶ᠋ᠢ ᠬᠠᠮᠢᠶᠠᠷᠬᠤ ᠳ᠋ᠦᠩ ᠵᠢᠶᠦ᠋ᠨ ᠯᠦᠸᠧ ᠽᠢ ᠴᠧᠩ ᠬᠣᠲᠠ ᠶ᠋ᠢ ᠬᠠᠮᠢᠶᠠᠷᠬᠤ ᠯᠢᠦ ᠹᠦ᠂ ᠯᠢᠦ ᠵᠦᠩ ᠯᠦ᠍ ᠨᠠᠷ ᠪᠣᠳᠣᠷᠣᠣᠯ ᠪᠢᠴᠢᠭ ᠠᠢᠯᠠᠳᠬᠠᠪᠠ᠃ ᠪᠢᠴᠢᠭ ᠲᠠᠮᠠᠭ᠎ᠠ ᠶ᠋ᠢᠨ ᠰᠠᠢᠳ ᠳᠠᠴᠢᠩᠬᠤᠷᠯᠤ᠂ ᠢᠯᠠᠭᠤᠭᠰᠠᠨ᠂ ᠳ᠋ᠠᠳᠠᠳᠣᠩᠭᠠ᠂ ᠰᠠᠢᠬᠠᠨ ᠰᠤᠷᠲᠠᠯᠲᠤ ᠨᠠᠷ ᠪᠢᠴᠢᠭ ᠢ᠋ ᠦᠵᠡᠪᠡᠰᠦ᠂ ᠦᠵᠡᠰᠡ ᠰᠢᠶᠠ ᠤᠯᠤᠰ ᠤ᠋ᠨ ᠡᠵᠡᠨ ᠯᠢ ᠠᠨ ᠴᠢᠦᠸᠠᠨ ᠲᠠᠪᠤᠨ ᠲᠦᠮᠡᠨ ᠴᠡᠷᠢᠭ ᠰᠢᠯᠭᠠᠵᠤ᠂ ᠮᠣᠩᠭᠣᠯ ᠤᠯᠤᠰ ᠠ᠋ᠴᠠ ᠦᠰ ᠠᠪᠴᠤ ᠯᠦᠸᠧ ᠽᠢ ᠴᠧᠩ ᠬᠣᠲᠠ᠂ ᠯᠢ ᠴᠢᠯᠢ ᠬᠣᠷᠣᠭ᠎ᠠ ᠶ᠋ᠢ ᠪᠤᠯᠢᠶᠠᠷ᠎ᠠ ᠢᠷᠡᠬᠦ ᠶ᠋ᠢ ᠭᠤᠷᠪᠠᠨ ᠵᠠᠩᠵᠤᠨ ᠰᠣᠨᠣᠰᠴᠤ ᠶᠠᠭᠠᠷᠠᠨ ᠲᠤᠰᠠᠯᠠᠬᠤ ᠴᠡᠷᠢᠭ ᠭᠤᠶᠤᠵᠤ ᠢᠯᠡᠭᠡᠭᠰᠡᠨ ᠬᠡᠷᠡᠭ ᠲᠤᠯᠠ ᠪᠢᠴᠢᠭ ᠦ᠋ᠨ ᠡᠷᠬᠢᠯᠡᠭᠰᠡᠨ ᠰᠠᠢᠳ ᠠᠶᠤᠮᠰᠢᠭ ᠦᠭᠡᠢ ᠠᠯᠭᠤᠷᠯᠠᠬᠤ ᠦᠭᠡᠢ ᠵᠢᠨᠦᠩ ᠶᠤᠸᠠᠨᠱᠤᠸᠠᠢ ᠮᠤᠬᠤᠯᠢ᠂ ᠵᠡᠭᠦᠨ ᠡᠲᠡᠭᠡᠳ ᠦ᠋ᠨ ᠶᠤᠸᠠᠨᠱᠤᠸᠠᠢ ᠪᠤᠭᠤᠷᠵᠢ ᠨᠠᠷ ᠢ᠋ ᠠᠪᠴᠤ ᠵᠢᠴᠢ ᠡᠳᠦᠷ ᠦ᠋ᠨ ᠲᠥᠷᠥ ᠳ᠋ᠦ᠍ᠷ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ ᠲᠠᠢᠰᠢ ᠲᠠᠢᠪᠤᠤ ᠵᠢᠷᠭᠤᠭᠠᠨ ᠰᠠᠢᠳ ᠭᠠᠷᠴᠤ ᠰᠢᠶᠠ ᠤᠯᠤᠰ ᠤ᠋ᠨ ᠤᠴᠢᠷ ᠢ᠋ ᠠᠢᠯᠠᠳᠬᠠᠪᠠ᠃
ᠲᠡᠳᠦᠢ ᠬᠠᠭᠠᠨ ᠤ᠋ ᠭᠡᠭᠡᠨ ᠠᠢᠯᠠᠳᠴᠤ ᠪᠠᠷᠠᠭᠠᠳ ᠵᠠᠷᠯᠢᠭ ᠪᠣᠯᠤᠷᠤᠨ :《ᠰᠢᠶᠠ ᠤᠯᠤᠰ ᠬᠡᠳᠦᠢ ᠠᠯᠲᠠᠨ ᠤᠯᠤᠰ ᠯᠤᠭ᠎ᠠ ᠰᠠᠴᠠᠭᠤ ᠪᠠᠢᠭᠰᠠᠨ ᠪᠣᠯᠪᠠᠴᠤ ᠪᠠᠰᠠ ᠬᠦ᠌ ᠭᠠᠳᠠᠭᠠᠳᠤ ᠪᠠᠭ᠎ᠠ ᠤᠯᠤᠰ ᠪᠥᠭᠡᠳ ᠡᠷᠲᠡ ᠪᠠᠰᠠ ᠣᠨᠴᠠ ᠪᠤᠰᠤ ᠤᠯᠤᠰ ᠯᠤᠭ᠎ᠠ ᠰᠦᠯᠪᠡᠭᠡᠯᠡᠨ᠂ ᠮᠡᠬᠦᠰ ᠬᠥᠮᠦᠨ ᠨᠠᠳᠠ ᠳ᠋ᠤᠷ ᠣᠰᠣᠯᠳᠠᠵᠤ᠂ ᠥᠪᠡᠷ᠎ᠡ ᠤᠯᠤᠰ ᠲᠤᠷ ᠴᠡᠷᠢᠭ ᠲᠤᠰᠠᠯᠠᠭᠰᠠᠨ ᠶᠠᠯ᠎ᠠ ᠳ᠋ᠤᠷ ᠪᠢ ᠰᠠᠶᠢ ᠠᠭᠤᠷᠯᠠᠵᠤ᠂ ᠲᠡᠳᠡᠨ ᠦ᠌ ᠯᠦᠸᠧ ᠽᠢ ᠴᠧᠩ᠂ ᠯᠢ ᠴᠢᠯᠢ ᠵᠡᠷᠭᠡ ᠭᠠᠵᠠᠷ ᠢ᠋ ᠠᠪᠤᠭᠰᠠᠨ ᠪᠥᠯᠥᠭᠡ᠃ ᠲᠡᠷᠡ ᠡᠳᠦᠭᠡ ᠪᠠᠰᠠ ᠪᠤᠷᠤᠭᠤ ᠪᠠᠨ ᠮᠡᠳᠡᠬᠦ ᠦᠭᠡᠢ ᠪᠠᠢᠨ ᠪᠠᠢᠨ ᠢᠷᠡᠪᠡᠰᠦ ᠳᠠᠢᠯᠠᠬᠤ ᠦᠭᠡᠢ ᠪᠣᠯᠪᠠᠰᠤ ᠪᠣᠯᠬᠤ ᠦᠭᠡᠢ ᠲᠤᠯᠠ ᠪᠢᠴᠢᠭ ᠴᠡᠷᠢᠭ ᠦ᠋ᠨ ᠣᠯᠠᠨ ᠰᠠᠢᠳ ᠤ᠋ᠳ ᠲᠠᠨ ᠳᠠᠢᠯᠠᠵᠤ ᠠᠪᠬᠤ ᠠᠷᠭ᠎ᠠ ᠶ᠋ᠢ ᠬᠢᠨᠠᠨ ᠵᠥᠪᠯᠡᠵᠦ ᠠᠢᠯᠠᠳᠬ᠎ᠠ᠂ ᠮᠡᠬᠦᠰ ᠬᠥᠮᠦᠨ ᠪᠢ ᠡᠷᠬᠡᠪᠰᠢ ᠪᠡᠶ᠎ᠡ ᠪᠡᠷ ᠳᠠᠢᠯᠠᠷ᠎ᠠ ᠡᠴᠢᠮᠦᠢ᠃ ᠲᠡᠭᠦᠨ ᠦ᠌ ᠪᠠᠷᠠᠭᠤᠨ ᠡᠮᠦᠨ᠎ᠡ ᠴᠢᠯᠵᠢᠱ᠌ᠢ ᠨᠡᠷᠡᠲᠦ ᠠᠢᠮᠠᠭ ᠪᠣᠢ᠂ ᠲᠡᠭᠦᠨ ᠦ᠌ ᠴᠢᠬᠡ ᠪᠠᠷᠠᠭᠤᠨ ᠡᠲᠡᠭᠡᠳ ᠲᠣᠷ ᠢᠳᠢᠨᠡᠷ ᠠᠢᠮᠠᠭ ᠪᠣᠢ᠂ ᠲᠡᠭᠦᠨ ᠦ᠌ ᠪᠠᠷᠠᠭᠤᠨ ᠬᠣᠢᠲᠤ ᠬᠢᠵᠠᠭᠠᠷ ᠲᠤᠷ ᠠᠯᠠᠭ ᠳᠡᠪᠡᠯᠲᠦ ᠠᠢᠮᠠᠭ ᠪᠣᠢ᠃ ᠡᠨᠡ ᠭᠤᠷᠪᠠᠨ ᠠᠢᠮᠠᠭ ᠲᠤᠷ ᠵᠡᠭᠦᠨ ᠡᠲᠡᠭᠡᠳ ᠦ᠋ᠨ ᠲᠠᠢᠪᠤᠤ ᠲᠦᠰᠢᠮᠡᠯ ᠪᠤᠭᠤᠷᠤᠯ ᠵᠢᠴᠢ ᠳᠤᠮᠳᠠᠳᠤ ᠵᠠᠮ ᠤ᠋ᠨ ᠲᠠᠢᠹᠦ᠋ ᠲᠦᠰᠢᠮᠡᠯ ᠲᠣᠭᠲᠣᠩᠭᠣ ᠪᠠᠭᠠᠲᠤᠷ ᠤ᠋ᠨ ᠬᠥᠪᠡᠭᠦᠨ ᠠᠨᠳᠠᠨ ᠬᠣᠶᠠᠭᠤᠯᠠ ᠡᠴᠢᠵᠦ ᠰᠢᠶᠠ ᠤᠯᠤᠰ ᠤ᠋ᠨ ᠪᠤᠷᠤᠭᠤ ᠶ᠋ᠢ ᠲᠣᠭᠠᠴᠢᠵᠤ᠂ ᠲᠡᠳᠡᠨ ᠦ᠌ ᠴᠡᠷᠢᠭ ᠬᠠᠪᠰᠤᠷᠬᠤ ᠶ᠋ᠢ ᠵᠣᠭᠰᠣᠭ᠎ᠠ᠃ ᠵᠡᠭᠦᠨ ᠡᠲᠡᠭᠡᠳ ᠦ᠋ᠨ ᠶᠤᠸᠠᠨᠱᠤᠸᠠᠢ ᠲᠠᠢᠹᠦ᠋ ᠪᠤᠭᠤᠷᠵᠢ᠂ ᠲᠠᠢᠪᠤᠤ ᠴᠢᠯᠠᠭᠤ᠂ ᠰᠥᠪᠡᠭᠡᠲᠡᠢ ᠪᠠᠭᠠᠲᠤᠷ᠂ ᠬᠤᠢᠯᠠᠲᠠᠷ ᠬᠣᠰᠢᠭᠤᠴᠢ ᠬᠣᠶᠠᠷ ᠪᠠᠷᠰ ᠤ᠋ᠨ ᠵᠠᠩᠵᠤᠨ ᠢ᠋ ᠠᠪᠴᠤ ᠪᠠᠭ᠎ᠠ ᠵᠠᠩᠵᠤᠨ ᠨᠠᠷ ᠠ᠋ᠴᠠ ᠵᠢᠷᠭᠤᠭᠠᠨ ᠬᠥᠮᠦᠨ ᠢ᠋ ᠰᠣᠩᠭᠣᠨ ᠳᠠᠭᠠᠭᠤᠯᠵᠤ᠂ ᠬᠣᠶᠠᠷ ᠲᠦᠮᠡᠨ ᠴᠡᠷᠢᠭ ᠢ᠋ᠶ᠋ᠡᠷ ᠡᠮᠦᠨ᠎ᠡ ᠡᠴᠢᠵᠦ᠂ ᠯᠦᠸᠧ ᠽᠢ ᠴᠧᠩ ᠬᠣᠲᠠ᠂ ᠯᠢ ᠴᠢᠯᠢ ᠬᠣᠷᠣᠭ᠎ᠠ ᠶ᠋ᠢ ᠬᠠᠮᠠᠭᠠᠯᠠᠨ ᠰᠠᠬᠢᠵᠤ ᠬᠦᠯᠢᠶᠡ᠃ ᠮᠢᠨᠦ ᠪᠡᠶ᠎ᠡ ᠵᠢᠨᠦᠩ ᠲᠠᠢᠹᠦ᠋ ᠮᠤᠬᠤᠯᠢ ᠯᠤᠭ᠎ᠠ ᠶᠡᠬᠡ ᠴᠡᠷᠢᠭ ᠢ᠋ ᠠᠪᠴᠤ ᠬᠣᠢᠨ᠎ᠠ ᠮᠣᠷᠳᠠᠮᠤᠢ᠃ ᠲᠠᠢᠹᠦ᠋ ᠮᠤᠬᠤᠯᠢ ᠳᠠᠭᠠᠭᠤᠯᠬᠤ ᠣᠯᠠᠨ ᠵᠠᠩᠵᠤᠨ ᠢ᠋ ᠬᠢᠨᠠᠨ ᠲᠣᠭᠲᠠᠭ᠎ᠠ᠃ 》ᠭᠡᠮᠡᠨ ᠴᠣᠬᠣᠯᠠᠨ ᠪᠠᠭᠤᠯᠭᠠᠵᠤ ᠵᠦᠩ ᠬᠡᠩᠭᠡᠷᠭᠡ ᠳᠠᠭᠤᠷᠢᠰᠤᠨ᠂ ᠠᠷᠴᠠ ᠽᠠᠨᠳᠠᠨ ᠠᠩᠬᠢᠯᠤᠨ ᠭᠠᠷᠤᠳᠢ ᠶ᠋ᠢᠨ ᠬᠠᠯᠬᠠᠪᠴᠢ ᠡᠷᠭᠢᠭᠦᠯᠦᠨ ᠬᠥᠳᠡᠯᠵᠦ᠂ ᠯᠤᠤ ᠶ᠋ᠢᠨ ᠬᠠᠨᠴᠤ ᠨᠢᠭᠡᠨᠲᠡ ᠭᠦᠪᠢᠮᠡᠭᠴᠡ ᠲᠩᠷᠢ ᠶ᠋ᠢᠨ ᠬᠥᠪᠡᠭᠦᠨ ᠳᠣᠲᠣᠭᠠᠳᠤ ᠤᠷᠲᠣᠨ᠎ᠠ ᠵᠠᠯᠠᠷᠠᠨ ᠪᠠᠭᠤᠪᠠ᠃ ᠵᠠᠭᠤᠨ ᠲᠦᠰᠢᠮᠡᠳ ᠳᠥᠷᠪᠡᠨ ᠵᠦᠭ ᠲᠠᠷᠬᠠᠯᠴᠠᠬᠤᠶᠠ᠂ ᠵᠢᠨᠦᠩ ᠦ᠋ᠨ ᠲᠠᠭᠲᠤ ᠳ᠋ᠤᠷ ᠮᠣᠷᠳᠠᠬᠤ ᠰᠠᠢᠳ ᠢ᠋ ᠡᠷᠭᠦᠬᠦ ᠶᠡᠬᠡ ᠬᠡᠩᠭᠡᠷᠭᠡ ᠴᠣᠬᠢᠪᠠ᠃ ᠮᠤᠬᠤᠯᠢ᠂ ᠲᠠᠢᠹᠦ᠋ ᠪᠤᠭᠤᠷᠤᠯ᠂ ᠲᠠᠢᠪᠤᠤ ᠠᠨᠳᠠᠨ᠂ ᠲᠠᠢᠪᠤᠤ ᠵᠠᠯᠮ᠎ᠠ᠂ ᠲᠠᠢᠹᠦ᠋ ᠰᠠᠢᠬᠠᠨ ᠰᠤᠷᠲᠠᠯᠲᠤ ᠳᠥᠷᠪᠡᠭᠦᠯᠡ ᠳ᠋ᠦ᠍ᠷ ᠵᠠᠭᠤᠨ ᠮᠣᠷᠢᠲᠠᠨ ᠢ᠋ ᠥᠭᠴᠦ ᠴᠢᠯᠵᠢᠱ᠌ᠢ ᠠᠢᠮᠠᠭ᠂ ᠢᠳᠢᠨᠡᠷ ᠠᠢᠮᠠᠭ᠂ ᠠᠯᠠᠭ ᠳᠡᠪᠡᠯᠲᠦ ᠠᠢᠮᠠᠭ ᠡᠨᠡ ᠭᠤᠷᠪᠠᠨ ᠠᠢᠮᠠᠭ ᠲᠤᠷ ᠡᠴᠢᠵᠦ ᠣᠯᠬᠤ ᠠᠯᠳᠠᠬᠤ ᠠᠰᠢᠭ᠋ ᠵᠣᠪᠠᠯᠠᠩ ᠢ᠋ ᠲᠣᠳᠣᠷᠬᠠᠢᠯᠠᠨ ᠲᠣᠭᠠᠴᠢᠵᠤ ᠬᠡᠯᠡᠭᠡᠳ ᠰᠡᠩᠬᠡᠷᠡᠭᠦᠯᠦᠨ ᠰᠤᠷᠭᠠᠵᠤ᠂ ᠰᠢᠶᠠ ᠤᠯᠤᠰ ᠲᠤᠷ ᠴᠡᠷᠢᠭ ᠪᠢᠲᠡᠭᠡᠢ ᠲᠤᠰᠠᠯᠠ ᠭᠡᠮᠡᠨ ᠶᠠᠪᠤᠭᠤᠯᠤᠨ᠂ ᠵᠡᠭᠦᠨ ᠡᠲᠡᠭᠡᠳ ᠦ᠋ᠨ ᠶᠡᠬᠡ ᠶᠤᠸᠠᠨᠱᠤᠸᠠᠢ ᠲᠠᠢᠹᠦ᠋ ᠪᠤᠭᠤᠷᠵᠢ᠂ ᠲᠠᠢᠪᠤᠤ ᠴᠢᠯᠠᠭᠤ ᠬᠣᠶᠠᠭᠤᠯᠠ ᠳ᠋ᠤᠷ ᠰᠥᠪᠡᠭᠡᠲᠡᠢ ᠬᠣᠢᠯᠠᠳᠠᠷ ᠬᠣᠶᠠᠷ ᠶᠡᠬᠡ ᠵᠠᠩᠵᠤᠨ ᠢ᠋ ᠳᠠᠭᠠᠭᠤᠯᠤᠨ ᠥᠭᠴᠦ ᠳᠣᠣᠷ᠎ᠠ ᠠᠨᠤ ᠪᠤᠯᠤ᠂ ᠡᠭᠦᠯᠡᠨ ᠴᠡᠷᠪᠢ᠂ ᠠᠨᠳᠠᠨ᠂ ᠰᠤᠪᠤᠲᠠᠢ᠂ ᠬᠣᠪᠤᠯᠠᠢ᠂ ᠱᠤᠪᠤᠯᠠᠢ᠂ ᠨᠠᠨᠰᠠᠷ᠂ ᠰᠢᠯᠢᠶᠠᠮᠪᠦ᠂ ᠵᠢᠷᠭᠤᠭᠠᠨ ᠵᠠᠩᠵᠤᠨ ᠢ᠋ ᠥᠭᠴᠦ ᠡᠨᠡ ᠬᠣᠶᠠᠷ ᠲᠦᠮᠡᠨ ᠴᠡᠷᠢᠭ ᠢ᠋ᠶ᠋ᠡᠷ ᠤᠷᠢᠳᠠ ᠯᠢ ᠴᠢᠯᠢ ᠬᠣᠷᠣᠭ᠎ᠠ ᠪᠠ ᠯᠦᠸᠧ ᠽᠢ ᠴᠧᠩ ᠬᠣᠲᠠ ᠳ᠋ᠤᠷ ᠡᠴᠢᠨ ᠰᠠᠬᠢᠵᠤ᠂ ᠰᠢᠶᠠ ᠤᠯᠤᠰ ᠤ᠋ᠨ ᠢᠷᠡᠬᠦ ᠴᠡᠷᠢᠭ ᠢ᠋ ᠰᠡᠷᠭᠡᠢᠯᠡᠨ ᠪᠡᠯᠡᠳᠬᠡᠵᠦ ᠬᠦᠯᠢᠶᠡ᠃ ᠳᠠᠭᠠᠯᠳᠤᠭ᠎ᠠ ᠬᠠᠭᠠᠨ ᠤ᠋ ᠭᠡᠭᠡᠨ ᠴᠡᠷᠢᠭ ᠠᠪᠴᠤ ᠰᠢᠶᠠ ᠤᠯᠤᠰ ᠤ᠋ᠨ ᠵᠠᠬ᠎ᠠ ᠳ᠋ᠤᠷ ᠣᠷᠣᠮᠤᠢ ᠭᠡᠮᠡᠨ ᠲᠠᠪᠤᠨ ᠬᠣᠨᠣᠭ ᠤ᠋ᠨ ᠡᠴᠦᠰ ᠲᠦ᠍ᠷ ᠥᠪᠡᠷ ᠢ᠋ᠶ᠋ᠡᠨ ᠪᠤᠭᠤᠷᠵᠢ᠂ ᠴᠢᠯᠠᠭᠤ ᠨᠠᠷ ᠢ᠋ ᠨᠢᠳᠦ ᠪᠡᠷ ᠦᠵᠡᠨ ᠮᠣᠷᠳᠠᠭᠤᠯᠪᠠ᠃ ᠳᠠᠭᠠᠯᠳᠤᠭ᠎ᠠ ᠳᠠᠬᠢᠨ ᠶᠡᠬᠡ ᠬᠡᠩᠭᠡᠷᠭᠡ ᠴᠣᠬᠢᠭᠤᠯᠤᠨ ᠣᠯᠠᠨ ᠵᠠᠩᠵᠤᠨ ᠨᠠᠷ ᠢ᠋ ᠴᠢᠭᠤᠯᠤᠭᠤᠯᠵᠤ ᠬᠠ ᠴᠢᠨ ᠸᠠᠩ ᠬᠠᠰᠠᠷ᠂ ᠠᠯᠤᠬ᠎ᠠ᠂ ᠰᠦᠬᠡ ᠬᠣᠶᠠᠷ ᠵᠠᠩᠵᠤᠨ ᠢ᠋ ᠠᠪᠴᠤ ᠬᠠᠭᠠᠨ ᠤ᠋ ᠪᠠᠷᠠᠭᠤᠨ ᠮᠥᠷᠥ ᠶ᠋ᠢᠨ ᠨᠢᠭᠡᠨ ᠲᠦᠮᠡᠨ ᠴᠡᠷᠢᠭ ᠢ᠋ ᠵᠠᠬᠢᠷ᠃ ᠪᠡ ᠴᠢᠨ ᠸᠠᠩ ᠪᠡᠯᠭᠦᠳᠡᠢ᠂ ᠥᠳᠥ᠂ ᠰᠣᠳᠣ ᠬᠣᠶᠠᠷ ᠵᠠᠩᠵᠤᠨ ᠢ᠋ ᠠᠪᠴᠤ ᠬᠠᠭᠠᠨ ᠤ᠋ ᠵᠡᠭᠦᠨ ᠮᠥᠷᠥ ᠶ᠋ᠢᠨ ᠨᠢᠭᠡᠨ ᠲᠦᠮᠡᠨ ᠴᠡᠷᠢᠭ ᠢ᠋ ᠠᠪᠴᠤ ᠵᠠᠬᠢᠷ᠃ ᠲᠠᠢᠪᠤᠤ ᠲᠣᠭᠲᠣᠩᠭᠣ᠌ ᠪᠠᠭᠠᠲᠤᠷ ᠬᠠᠭᠠᠨ ᠤ᠋ ᠬᠣᠢᠨ᠎ᠠ ᠬᠠᠢᠭᠤᠯ᠂ ᠠᠬᠠᠢ᠂ ᠶᠠᠰᠢ ᠬᠣᠶᠠᠷ ᠵᠠᠩᠵᠤᠨ ᠢ᠋ ᠠᠪᠴᠤ ᠠᠵᠢᠨᠠᠢ ᠮᠣᠷᠢᠨ ᠤ᠋ ᠵᠢᠭᠰᠠᠭᠠᠯ ᠤ᠋ᠨ ᠰᠡᠭᠦᠯ ᠪᠣᠯ᠂ ᠰᠢᠷᠢ ᠬᠤᠲᠤᠭ᠂ ᠬᠠᠷ᠎ᠠ ᠬᠢᠷᠤ ᠬᠣᠶᠠᠷ ᠲᠠᠢᠪᠤᠤ ᠤᠨᠵᠢᠭᠠᠢ᠂ ᠰᠤᠨᠵᠢᠭᠠᠢ᠂ ᠪᠤᠭᠤᠲᠤ ᠬᠤᠸᠠ᠂ ᠠᠯᠠᠭ ᠲᠤᠭᠤᠯ ᠡᠨᠡ ᠳᠥᠷᠪᠡᠨ ᠪᠠᠭ᠎ᠠ ᠵᠠᠩᠵᠤᠨ ᠢ᠋ ᠠᠪᠴᠤ ᠠᠵᠢᠨᠠᠢ ᠮᠣᠷᠢᠨ ᠤ᠋ ᠬᠣᠢᠲᠤ ᠬᠣᠶᠠᠷ ᠬᠥᠯ ᠦ᠋ᠨ ᠬᠣᠶᠠᠷ ᠲᠦᠮᠡᠨ ᠴᠡᠷᠢᠭ ᠢ᠋ ᠠᠪᠴᠤ ᠵᠠᠬᠢᠷᠴᠤ ᠳᠠᠭ᠎ᠠ᠃ ᠥᠪᠡᠷ ᠦ᠋ᠨ ᠪᠡᠶ᠎ᠡ ᠵᠦᠯᠭᠡᠲᠡᠢ ᠭᠢᠯᠦᠭᠡᠨ ᠬᠣᠶᠠᠷ ᠪᠠᠷᠰ ᠤ᠋ᠨ ᠵᠠᠩᠵᠤᠨ ᠢ᠋ ᠠᠪᠴᠤ ᠡᠵᠡᠨ ᠦ᠌ ᠡᠮᠦᠨ᠎ᠡ ᠨᠢᠭᠡᠨ ᠲᠦᠮᠡᠨ ᠴᠡᠷᠢᠭ ᠢ᠋ ᠠᠪᠴᠤ ᠠᠵᠢᠨᠠᠢ ᠮᠣᠷᠢᠨ ᠤ᠋ ᠲᠣᠯᠣᠭᠠᠢ ᠪᠣᠯᠵᠤ᠂ ᠬᠠᠭᠠᠨ ᠤ᠋ ᠭᠡᠭᠡᠨ᠂ ᠲᠠᠪᠤᠨᠠᠩ ᠪᠣᠲ᠋ᠣ᠂ ᠲᠠᠢᠽᠢ ᠥᠭᠡᠳᠡᠢ᠂ ᠲᠣᠯᠢ ᠬᠣᠶᠠᠷ ᠪᠠᠭ᠎ᠠ ᠴᠢᠨ ᠸᠠᠩ᠂ ᠵᠡᠪᠡ᠂ ᠴᠤᠤ ᠮᠡᠷᠭᠡᠨ ᠬᠣᠶᠠᠷ ᠲᠠᠢᠪᠤᠤ᠂ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ ᠬᠣᠶᠠᠷ ᠲᠠᠢᠹᠦ᠋᠂ ᠣᠶᠤᠲᠤ ᠰᠡᠴᠡᠨ᠂ ᠣᠶᠤᠨ ᠭᠤᠸ᠎ᠠ ᠬᠣᠶᠠᠷ ᠲᠠᠢᠹᠦ᠋᠂ ᠡᠨᠡ ᠶᠢᠰᠦᠨ ᠵᠠᠩᠵᠤᠨ ᠢ᠋ ᠠᠪᠴᠤ ᠳᠤᠮᠳᠠ ᠪᠣᠯᠤᠨ ᠠᠵᠢᠨᠠᠢ ᠮᠣᠷᠢᠨ ᠤ᠋ ᠪᠡᠶ᠎ᠡ ᠪᠣᠯᠵᠤ ᠬᠣᠢᠨ᠎ᠠ ᠶᠡᠬᠡ ᠬᠦᠨᠡᠰᠦ ᠪᠠ ᠬᠠᠭᠠᠨ ᠤ᠋ ᠴᠠᠭᠠᠨ ᠬᠠᠷ᠎ᠠ ᠶ᠋ᠢᠨ ᠳᠡᠭᠡᠳᠦ ᠶ᠋ᠢᠨ ᠬᠡᠷᠡᠭᠯᠡᠯ ᠦ᠋ᠨ ᠬᠦᠷᠢᠶ᠎ᠡ ᠶ᠋ᠢ ᠭᠣᠷᠯᠣᠰ ᠲᠠᠢᠰᠢ ᠶ᠋ᠢᠨ ᠴᠢᠨ ᠸᠠᠩ᠂ ᠳᠠᠴᠢᠩᠬᠤᠷᠯᠤ᠂ ᠢᠯᠠᠭᠤᠭᠰᠠᠨ᠂ ᠳ᠋ᠠᠳᠠᠳᠤᠩᠭ᠎ᠠ ᠭᠤᠷᠪᠠᠨ ᠡᠷᠭᠢᠨ ᠰᠠᠢᠳ ᠢ᠋ ᠠᠪᠴᠤ ᠳᠠᠭᠠᠭᠠᠳ ᠬᠣᠢᠨ᠎ᠠ ᠶᠠᠪᠤᠬᠤ ᠪᠠᠷ ᠲᠣᠭᠲᠠᠭᠠᠵᠤ᠂ ᠬᠡᠩᠭᠡᠷᠭᠡ ᠪᠢᠰᠬᠢᠭᠦᠷ ᠳᠠᠭᠤᠷᠢᠰᠴᠤ ᠬᠠᠭᠠᠨ ᠤ᠋ ᠵᠢᠭᠰᠠᠭᠠᠯ ᠪᠦᠷᠢᠳᠦᠭᠰᠡᠨ ᠬᠣᠢᠨ᠎ᠠ᠂ ᠵᠢᠨᠦᠩ ᠲᠠᠢᠹᠦ᠋ ᠮᠤᠬᠤᠯᠢ ᠲᠥᠷᠥ ᠳ᠋ᠦ᠍ᠷ ᠭᠠᠷᠴᠤ ᠪᠡᠯᠡᠨ ᠪᠣᠯᠤᠭᠰᠠᠨ ᠨᠤᠭᠤᠯᠪᠤᠷᠢ ᠠᠢᠯᠠᠳᠬᠠᠭᠰᠠᠨ ᠳ᠋ᠤᠷ᠂ ᠬᠠᠭᠠᠨ ᠤ᠋ ᠭᠡᠭᠡᠨ ᠰᠢᠶᠠ ᠤᠯᠤᠰ ᠲᠤᠷ ᠮᠣᠷᠳᠠᠬᠤ ᠳᠥᠷᠪᠡᠨ ᠠᠩᠭᠢ ᠶ᠋ᠢ ᠢᠯᠭᠠᠨ ᠰᠠᠯᠭᠠᠨ᠂ ᠬᠥᠮᠦᠨ ᠢ᠋ ᠲᠡᠩᠴᠡᠭᠦᠯᠦᠨ ᠬᠡᠷᠡᠭᠯᠡᠭᠰᠡᠨ ᠢᠨᠦ ᠮᠠᠰᠢ ᠨᠡᠢᠴᠡᠭᠰᠡᠨ ᠳ᠋ᠦ᠍ᠷ ᠬᠢᠨᠠᠨ ᠠᠢᠯᠠᠳᠴᠤ ᠯᠤᠤ ᠶ᠋ᠢᠨ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠨ :《ᠤᠯᠤᠰ ᠢ᠋ ᠰᠠᠬᠢᠬᠤ ᠲᠠᠪᠤᠨ ᠥᠲᠡᠭᠦᠰ᠂ ᠳᠥᠷᠪᠡᠨ ᠲᠠᠢᠰᠢ᠂ ᠬᠣᠶᠠᠷ ᠲᠠᠢᠽᠢ᠂ ᠨᠢᠭᠡᠨ ᠹᠦ ᠮᠠ᠋᠂ ᠳᠥᠷᠪᠡᠨ ᠲᠠᠢᠪᠤᠤ᠂ ᠪᠠᠭ᠎ᠠ ᠵᠠᠩᠵᠤᠨ ᠨᠠᠷ ᠠᠷᠪᠠᠨ ᠬᠣᠶᠠᠷ ᠢ᠋ ᠮᠥᠨ ᠳᠥᠷᠪᠡᠨ ᠵᠦᠭ ᠲᠦ᠍ᠷ ᠬᠦᠷᠢᠶ᠎ᠡ ᠪᠠᠭᠤᠯᠭᠠᠨ ᠰᠡᠷᠭᠡᠢᠯᠡᠬᠦ ᠬᠡᠷᠡᠭ ᠲᠦ᠍ᠷ ᠮᠠᠰᠢ ᠨᠡᠢᠴᠡᠵᠦᠬᠦᠢ᠃ ᠨᠡᠩ ᠪᠠᠰᠠ ᠬᠡᠷᠡᠢᠳ ᠨᠠᠢ᠍ᠮᠠᠨ ᠬᠣᠶᠠᠷ ᠢ᠋ ᠡᠵᠡᠯᠡᠭᠦᠯᠦᠨ ᠵᠠᠬᠢᠷᠤᠭᠤᠯᠵᠤ ᠬᠢᠵᠠᠭᠠᠷ ᠤ᠋ᠨ ᠭᠠᠳᠠᠨ᠎ᠠ ᠴᠠᠭᠳᠠᠭᠤᠯ ᠪᠣᠯᠭᠠᠭᠰᠠᠨ ᠠᠨᠤ ᠮᠢᠨᠦ ᠰᠠᠨᠠᠭᠠᠨ ᠳ᠋ᠤᠷ ᠠᠳᠠᠪᠠᠰᠢ ᠨᠡᠢᠴᠡᠪᠡ ! 》ᠭᠡᠮᠡᠨ ᠰᠠᠢᠰᠢᠶᠠᠭᠠᠳ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠮᠣᠷᠳᠠᠮᠤᠢ ᠭᠡᠮᠡᠨ ᠵᠠᠷᠯᠢᠭ ᠪᠠᠭᠤᠯᠭᠠᠨ ᠲᠣᠭᠲᠠᠭᠠᠳ ᠳᠠᠷᠤᠢ ᠰᠢᠷ᠎ᠠ ᠰᠢᠬᠦᠷ ᠬᠥᠳᠡᠯᠵᠦ ᠴᠠᠭᠠᠨ ᠲᠤᠭ ᠢ᠋ ᠵᠠᠯᠠᠨ ᠭᠠᠷᠭᠠᠵᠤ᠂ ᠬᠠᠭᠠᠨ ᠤ᠋ ᠭᠡᠭᠡᠨ ᠪᠡᠶ᠎ᠡ ᠪᠡᠷ ᠠᠷᠢᠬᠢ ᠰᠠᠴᠤᠨ ᠪᠡᠯᠭᠡᠳᠡᠨ ᠳᠠᠬᠢᠭᠠᠳ ᠠᠯᠲᠠᠨ ᠬᠠᠰ ᠬᠠᠷᠴᠢᠭᠢᠨᠠᠨ ᠬᠡᠩᠭᠡᠷᠭᠡ ᠪᠢᠰᠬᠢᠭᠦᠷ ᠳᠠᠭᠤᠷᠢᠰᠴᠤ ᠫᠤᠤ ᠶ᠋ᠢᠨ ᠳᠠᠭᠤᠨ ᠭᠤᠷᠪᠠᠨᠲᠠ ᠲᠦᠷᠭᠢᠯᠦᠮᠡᠭᠴᠡ ᠠᠷᠪᠠᠨ ᠲᠦᠮᠡᠨ ᠶᠡᠬᠡ ᠴᠡᠷᠢᠭ ᠪᠠᠷᠠᠭᠤᠨ ᠡᠮᠦᠨ᠎ᠡ ᠵᠦᠭ ᠠᠭᠤᠯᠠ ᠳᠠᠯᠠᠢ ᠨᠡᠭᠦᠬᠦ ᠮᠡᠲᠦ ᠰᠢᠶᠠ ᠤᠯᠤᠰ ᠤ᠋ᠨ ᠵᠦᠭ ᠳᠠᠢᠯᠠᠷ᠎ᠠ ᠮᠣᠷᠳᠠᠪᠠ᠃
ᠲᠡᠨᠳᠡᠴᠡ ᠪᠤᠭᠤᠷᠵᠢ ᠴᠢᠯᠠᠭᠤ ᠨᠠᠷ ᠤ᠋ᠨ ᠬᠣᠰᠢᠭᠤᠴᠢ ᠴᠡᠷᠢᠭ᠂ ᠯᠢ ᠴᠢᠯᠢ᠂ ᠯᠦᠸᠧ ᠽᠢ ᠴᠧᠩ ᠡᠨᠡ ᠬᠣᠶᠠᠷ ᠭᠠᠵᠠᠷ ᠲᠤᠷ ᠬᠦᠷᠲᠡᠯ᠎ᠡ ᠰᠢᠶᠠ ᠤᠯᠤᠰ ᠤ᠋ᠨ ᠯᠢ ᠶᠦᠩ ᠶᠤᠸᠠᠨᠱᠤᠸᠠᠢ ᠪᠣᠯᠵᠤ᠂ ᠲᠠᠪᠤᠨ ᠲᠦᠮᠡᠨ ᠴᠡᠷᠢᠭ ᠬᠡᠳᠦᠢᠨᠡᠢ ᠢᠷᠡᠵᠦ ᠡᠨᠡ ᠬᠣᠶᠠᠷ ᠭᠠᠵᠠᠷ ᠢ᠋ ᠬᠠᠭᠠᠵᠤ ᠬᠡᠳᠦ ᠬᠡᠳᠦᠨ ᠬᠣᠨᠣᠭᠰᠠᠨ ᠳ᠋ᠤᠷ᠂ ᠡᠨᠡ ᠬᠣᠶᠠᠷ ᠭᠠᠵᠠᠷ ᠦᠬᠦᠨ ᠲᠤᠯᠪᠠᠴᠤ ᠬᠦᠴᠦᠨ ᠬᠦᠷᠬᠦ ᠦᠭᠡᠢ ᠬᠠᠷᠠᠬᠠᠨ ᠰᠢᠬᠠᠮᠳᠠᠨ ᠳᠠᠭᠠᠬᠤ ᠠᠨᠤ ᠥᠷᠯᠥᠭᠡ ᠦᠳᠡᠰᠢ ᠳ᠋ᠦ᠍ᠷ ᠬᠦᠷᠦᠭᠰᠡᠨ ᠳ᠋ᠦ᠍ᠷ ᠪᠤᠭᠤᠷᠵᠢ᠂ ᠴᠢᠯᠠᠭᠤ ᠬᠣᠶᠠᠭᠤᠯᠠ ᠴᠡᠷᠢᠭ ᠢ᠋ ᠬᠣᠶᠠᠷ ᠠᠩᠭᠢ ᠬᠠᠭᠠᠰᠯᠠᠵᠤ ᠴᠢᠯᠠᠭᠤ ᠯᠢ ᠴᠢᠯᠢ ᠬᠣᠷᠣᠭ᠎ᠠ ᠶ᠋ᠢ ᠬᠠᠭᠠᠭᠰᠠᠨ ᠴᠡᠷᠢᠭ ᠢ᠋ ᠰᠥᠨᠢ ᠳᠦᠯᠢᠨ ᠬᠦᠷᠢᠶ᠎ᠡ ᠶ᠋ᠢ ᠳᠠᠷᠤᠨ ᠣᠷᠣᠭᠰᠠᠨ ᠳ᠋ᠤᠷ ᠳᠣᠲᠣᠷ᠎ᠠ ᠠ᠋ᠴᠠ ᠮᠣᠩᠭᠣᠯ ᠤ᠋ᠨ ᠵᠠᠩᠵᠤᠨ ᠳ᠋ᠦᠩ ᠵᠢᠶᠦ᠋ᠨ ᠲᠤᠰᠠᠯᠠᠬᠤ ᠴᠡᠷᠢᠭ ᠢᠷᠡᠭᠰᠡᠨ ᠢ᠋ ᠮᠡᠳᠡᠭᠡᠳ ᠳᠣᠲᠣᠷ᠎ᠠ ᠠ᠋ᠴᠠ ᠮᠥᠨ ᠫᠤᠤ ᠲᠠᠯᠪᠢᠨ ᠠᠯᠠᠨ ᠭᠠᠷᠤᠭᠰᠠᠨ ᠳ᠋ᠤᠷ ᠰᠢᠶᠠ ᠤᠯᠤᠰ ᠤ᠋ᠨ ᠴᠡᠷᠢᠭ ᠭᠠᠭᠴᠠ ᠲᠤᠰᠠᠯᠠᠷ᠎ᠠ ᠢᠷᠡᠭᠰᠡᠨ ᠴᠡᠷᠢᠭ ᠦ᠋ᠨ ᠵᠦᠭ ᠳᠠᠢᠯᠠᠵᠤ ᠳᠣᠲᠣᠷ᠎ᠠ ᠠ᠋ᠴᠠ ᠭᠠᠷᠤᠭᠰᠠᠨ ᠢ᠋ ᠡᠰᠡ ᠰᠡᠷᠭᠡᠢᠯᠡᠭᠰᠡᠨ ᠢ᠋ᠶ᠋ᠡᠷ ᠰᠢᠶᠠ ᠤᠯᠤᠰ ᠤ᠋ᠨ ᠴᠡᠷᠢᠭ ᠠᠷᠤ ᠠ᠋ᠴᠠ ᠰᠠᠮᠠᠭᠤᠷᠠᠨ ᠡᠭᠦᠰᠬᠡᠭᠰᠡᠨ᠎ᠡ ᠴᠢᠯᠠᠭᠤ ᠭᠡᠨᠡᠳᠲᠡ ᠴᠡᠷᠢᠭ ᠢ᠋ ᠬᠤᠷᠢᠶᠠᠭᠰᠠᠨ ᠳ᠋ᠤᠷ ᠰᠢᠶᠠ ᠤᠯᠤᠰ ᠤ᠋ᠨ ᠴᠡᠷᠢᠭ ᠵᠠᠮ ᠣᠯᠵᠤ ᠰᠠᠶᠢ ᠳᠤᠲᠠᠭᠠᠵᠤ ᠰᠢᠪᠲᠤᠯᠤᠨ ᠭᠠᠷᠤᠭᠠᠳ ᠲᠠᠪᠤᠨ ᠭᠠᠵᠠᠷ ᠶᠠᠪᠤᠭᠰᠠᠨ ᠦᠭᠡᠢ᠂ ᠴᠢᠯᠠᠭᠤ ᠶ᠋ᠢᠨ ᠰᠥᠨᠢ ᠡᠷᠦᠭᠦᠯᠦᠭᠰᠡᠨ ᠤᠨᠠᠭᠤᠯᠢ ᠨᠤᠭᠤᠳ ᠲᠤᠷ ᠰᠢᠶᠠ ᠤᠯᠤᠰ ᠤ᠋ᠨ ᠵᠠᠩᠵᠤᠨ ᠴᠡᠷᠢᠭ ᠬᠥᠮᠦᠨ ᠮᠣᠷᠢᠲᠠᠢ ᠪᠠᠨ ᠳᠦᠭᠦᠷᠲᠡᠯ᠎ᠡ ᠡᠤᠨᠠᠭᠰᠠᠨ ᠳ᠋ᠤᠷ ᠮᠣᠩᠭᠣᠯ ᠤᠯᠤᠰ ᠤ᠋ᠨ ᠴᠡᠷᠢᠭ ᠬᠠᠮᠲᠤ ᠨᠡᠢᠯᠡᠵᠦ ᠳᠠᠷᠤᠨ ᠣᠷᠣᠵᠤ ᠲᠤᠭ ᠬᠢᠭᠢᠷᠢ ᠵᠠᠷ ᠵᠡᠪᠰᠡᠭ ᠬᠤᠶᠠᠭ ᠳᠤᠭᠤᠯᠠᠭ᠎ᠠ ᠡᠮᠡᠭᠡᠯ ᠬᠠᠵᠠᠭᠠᠷ ᠣᠯᠵᠠᠯᠠᠭᠰᠠᠨ ᠠᠨᠤ ᠨᠠᠢ᠍ᠮᠠᠨ ᠵᠠᠭᠤᠨ ᠢᠯᠡᠭᠦᠦ ᠲᠡᠷᠭᠡ ᠪᠣᠯᠵᠤ᠂ ᠰᠢᠶᠠ ᠤᠯᠤᠰ ᠤ᠋ᠨ ᠴᠡᠷᠢᠭ ᠬᠠᠷᠠᠬᠠᠨ ᠳᠤᠲᠠᠭᠠᠬᠤᠢ ᠳ᠋ᠤᠷ ᠪᠤᠭᠤᠷᠵᠢ ᠶ᠋ᠢᠨ ᠪᠠᠢᠯᠳᠤᠬᠤ ᠴᠢᠷᠢᠭ ᠲᠣᠷ ᠤᠴᠠᠷᠠᠵᠤ᠂ ᠨᠢᠭᠡᠨᠲᠡ ᠭᠠᠷᠴᠤ ᠳᠡᠢᠯᠬᠦ ᠦᠭᠡᠢ ᠪᠣᠯᠤᠭᠰᠠᠨ ᠲᠤᠯᠠ ᠴᠥᠮ ᠰᠥᠭᠥᠳᠴᠦ ᠳᠠᠭᠠᠪᠠ᠃ ᠲᠡᠳᠦᠢ ᠪᠤᠭᠤᠷᠵᠢ᠂ ᠴᠢᠯᠠᠭᠤ ᠨᠠᠷ ᠡᠳᠡᠭᠡᠷ ᠢ᠋ ᠵᠠᠷᠤᠨ ᠰᠢᠶᠠ ᠤᠯᠤᠰ ᠤ᠋ᠨ ᠴᠡᠷᠢᠭ ᠦ᠋ᠨ ᠳᠡᠪᠡᠯ ᠬᠤᠪᠴᠠᠰᠤᠨ ᠬᠤᠶᠠᠭ ᠳᠤᠭᠤᠯᠠᠭ᠎ᠠ ᠲᠤᠭ ᠬᠢᠭᠢᠷᠢ ᠮᠣᠷᠢ ᠵᠡᠪᠰᠡᠭ ᠢ᠋ ᠥᠪᠡᠷ ᠦ᠋ᠨ ᠴᠡᠷᠢᠭ ᠲᠦ᠍ᠷ ᠬᠠᠯᠠᠨ ᠥᠭᠴᠦ ᠯᠦᠸᠧ ᠽᠢ ᠴᠧᠩ ᠬᠣᠲᠠ ᠶ᠋ᠢᠨ ᠵᠦᠭ ᠡᠴᠢᠬᠦᠶ᠎ᠡ ᠵᠠᠮ ᠳ᠋ᠤᠷ ᠯᠦᠸᠧ ᠽᠢ ᠴᠧᠩ ᠬᠣᠲᠠᠨ ᠢ᠋ ᠰᠠᠬᠢᠭᠰᠠᠨ᠂ ᠯᠢᠦ ᠶᠦᠩ ᠯᠦ᠍᠂ ᠯᠢᠦ ᠹᠦ ᠬᠣᠶᠠᠭᠤᠯᠠ ᠬᠣᠲᠠ ᠪᠠᠨ ᠠᠪᠲᠠᠭᠠᠳ ᠭᠤᠷᠪᠠᠨ ᠮᠢᠩᠭᠠᠨ ᠴᠡᠷᠢᠭ ᠢ᠋ᠶ᠋ᠡᠷ ᠤᠴᠠᠷᠠᠭᠰᠠᠨ ᠳ᠋ᠤ᠌ ᠪᠤᠭᠤᠷᠵᠢ ᠤᠴᠢᠷ ᠢ᠋ ᠮᠡᠳᠡᠵᠦ ᠳᠠᠷᠤᠢ ᠲᠡᠭᠦᠨ ᠦ᠌ ᠪᠡᠶ᠎ᠡ ᠳ᠋ᠦ᠍ᠷ ᠰᠢᠶᠠ ᠤᠯᠤᠰ ᠤ᠋ᠨ ᠬᠤᠶᠠᠭ ᠳᠤᠭᠤᠯᠠᠭ᠎ᠠ ᠶ᠋ᠢ ᠬᠠᠯᠠᠨ ᠡᠮᠦᠰᠬᠡᠵᠦ᠂ ᠬᠣᠶᠠᠷ ᠲᠦᠮᠡᠨ ᠴᠢᠷᠢᠭ ᠢ᠋ ᠭᠤᠷᠪᠠᠨ ᠠᠩᠭᠢ ᠬᠤᠪᠢᠶᠠᠵᠤ ᠬᠠᠭᠤᠷᠮᠠᠭ ᠢ᠋ᠶ᠋ᠠᠷ ᠰᠢᠶᠠ ᠤᠯᠤᠰ ᠤ᠋ᠨ ᠳᠠᠷᠤᠭᠳᠠᠭᠰᠠᠨ ᠴᠡᠷᠢᠭ ᠪᠣᠯᠭᠠᠨ ᠰᠥᠨᠢ ᠳᠦᠯᠢᠨ ᠯᠦᠸᠧ ᠽᠢ ᠴᠧᠩ ᠬᠣᠲᠠ ᠶ᠋ᠢᠨ ᠡᠮᠦᠨ᠎ᠡ ᠬᠠᠭᠠᠯᠭ᠎ᠠ᠂ ᠵᠡᠭᠦᠨ ᠪᠠᠷᠠᠭᠤᠨ ᠬᠣᠶᠠᠷ ᠬᠠᠭᠠᠯᠭ᠎ᠠ ᠡᠨᠡ ᠭᠤᠷᠪᠠᠨ ᠬᠠᠭᠠᠯᠭ᠎ᠠ ᠳ᠋ᠤᠷ ᠡᠴᠢᠵᠦ᠂ ᠪᠤᠭᠤᠷᠵᠢ ᠶ᠋ᠢᠨ ᠴᠡᠷᠢᠭ ᠲᠦ᠍ᠷ ᠳᠠᠷᠤᠭᠳᠠᠵᠤ ᠢᠷᠡᠪᠡ ᠭᠡᠮᠡᠨ ᠬᠠᠰᠬᠢᠷᠤᠭᠰᠠᠨ ᠳ᠋ᠤᠷ ᠰᠢᠶᠠ ᠤᠯᠤᠰ ᠤ᠋ᠨ ᠯᠢ ᠴᠢᠯᠢ ᠬᠣᠷᠣᠭ᠎ᠠ ᠶ᠋ᠢ ᠠᠪᠬᠤ ᠰᠢᠬᠠᠲᠠᠯ᠎ᠠ ᠮᠣᠩᠭᠣᠯ ᠤ᠋ᠨ ᠲᠠᠢᠹᠦ᠋ ᠪᠤᠭᠤᠷᠵᠢ᠂ ᠲᠠᠢᠹᠦ᠋ ᠴᠢᠯᠠᠭᠤ ᠨᠠᠷ ᠢᠷᠡᠵᠦ ᠮᠠᠨ ᠤ᠋ ᠴᠡᠷᠢᠭ ᠳᠠᠷᠤᠭᠳᠠᠪᠠ ᠭᠡᠮᠡᠨ ᠮᠡᠳᠡᠭᠦᠯᠵᠦ᠂ ᠳᠠᠭᠠᠯᠳᠤᠭ᠎ᠠ ᠪᠠᠷ ᠬᠣᠲᠠᠨ ᠤ᠋ ᠬᠠᠭᠠᠯᠭ᠎ᠠ ᠪᠦᠷᠢ ᠳ᠋ᠦ᠍ ᠰᠢᠶᠠ ᠤᠯᠤᠰ ᠤ᠋ᠨ ᠳᠠᠷᠤᠭᠳᠠᠨ ᠪᠤᠳᠠᠷᠠᠯᠳᠤᠭᠰᠠᠨ ᠴᠡᠷᠢᠭ ᠬᠠᠷᠢᠵᠤ ᠢᠷᠡᠪᠡ᠃ ᠬᠣᠢᠨ᠎ᠠ ᠠ᠋ᠴᠠ ᠮᠣᠩᠭᠣᠯ ᠤ᠋ᠨ ᠴᠡᠷᠢᠭ ᠬᠥᠭᠡᠭᠡᠬᠦ ᠢᠨᠦ ᠮᠠᠰᠢ ᠰᠢᠬᠠᠮ ᠭᠡᠮᠡᠨ ᠤᠯᠠᠮᠵᠢᠯᠠᠨ ᠮᠡᠳᠡᠭᠦᠯᠦᠭᠰᠡᠨ᠎ᠡ᠂ ᠯᠢ ᠶᠦᠩ ᠥᠭᠦᠯᠡᠷᠦᠨ:《ᠬᠡᠳᠦᠢ ᠲᠡᠢᠨ ᠪᠣᠯᠪᠠᠴᠤ ᠣᠨᠴᠠ ᠵᠤᠯᠠ ᠡᠷᠭᠦᠵᠦ ᠰᠢᠲᠠᠭᠠᠨ ᠦᠵᠡᠵᠦ ᠰᠠᠶᠢ ᠤᠷᠤᠭᠤᠯ᠂ ᠯᠢ ᠴᠢᠯᠢ ᠬᠣᠷᠣᠭ᠎ᠠ ᠳ᠋ᠤᠷ ᠪᠠᠢᠯᠳᠤᠷ᠎ᠠ ᠡᠴᠢᠭᠰᠡᠨ ᠵᠧᠦ ᠴᠢᠨ ᠦ᠌ ᠲᠡᠮᠳᠡᠭ ᠵᠡᠪᠡ ᠬᠡᠷᠬᠢᠪᠡ ? 》ᠭᠡᠮᠡᠨ ᠬᠠᠰᠬᠢᠷᠲᠠᠯ᠎ᠠ ᠭᠠᠳᠠᠨ᠎ᠠ ᠬᠣᠲᠠ ᠰᠠᠬᠢᠭᠰᠠᠨ ᠴᠡᠷᠢᠭ ᠦ᠋ᠳ ᠵᠧᠦ ᠴᠢᠨ ᠢ᠋ ᠠᠰᠠᠭᠤᠭᠰᠠᠨ ᠳ᠋ᠤᠷ ᠣᠯᠠᠨ ᠴᠡᠷᠢᠭ ᠥᠭᠦᠯᠡᠷᠦᠨ :《ᠮᠠᠨ ᠤ᠋ ᠳᠡᠭᠡᠳᠦ ᠵᠠᠩᠵᠤᠨ᠂ ᠮᠣᠩᠭᠣᠯ ᠤᠯᠤᠰ ᠤ᠋ᠨ ᠨᠦᠬᠡᠨ ᠳ᠋ᠦ᠍ ᠤᠨᠠᠵᠤ ᠦᠬᠦᠪᠡ᠃ ᠲᠡᠮᠳᠡᠭ ᠵᠡᠪᠡ ᠶ᠋ᠢ ᠪᠢᠳᠡ ᠠᠪᠴᠤ ᠢᠷᠡᠪᠡ 》ᠭᠡᠮᠡᠨ ᠳᠡᠭᠡᠰᠦᠨ ᠳ᠋ᠦ᠍ᠷ ᠤᠶᠠᠵᠤ ᠣᠷᠣᠭᠤᠯᠤᠭᠰᠠᠨ ᠢ᠋ ᠯᠢ ᠶᠦᠩ ᠠᠰᠠᠷ ᠲᠤᠷ ᠠᠪᠠᠷᠢᠵᠤ ᠦᠵᠡᠬᠦᠯ᠎ᠡ ᠦᠨᠡᠬᠡᠷ ᠥᠪᠡᠷ ᠦ᠋ᠨ ᠴᠡᠷᠢᠭ ᠮᠥᠨ ᠲᠤᠯᠠ ᠶᠠᠭᠠᠷᠠᠨ ᠬᠠᠭᠠᠯᠭ᠎ᠠ ᠨᠡᠭᠡᠭᠡᠵᠦ ᠣᠷᠣᠭᠤᠯᠪᠠ᠃ ᠣᠯᠠᠨ ᠴᠡᠷᠢᠭ ᠬᠠᠭᠠᠯᠭ᠎ᠠ ᠨᠡᠭᠡᠭᠡᠮᠡᠭᠴᠡ ᠲᠡᠮᠡᠴᠡᠯᠳᠦᠨ ᠣᠷᠣᠵᠤ᠂ ᠰᠣᠨᠣᠰᠪᠠᠴᠤ ᠮᠣᠩᠭᠣᠯ ᠤ᠋ᠨ ᠨᠡᠬᠡᠬᠦ ᠴᠡᠷᠢᠭ ᠦ᠋ᠨ ᠬᠠᠰᠬᠢᠷᠤᠯᠳᠤᠬᠤ ᠳᠠᠭᠤᠨ ᠰᠣᠨᠣᠰᠳᠠᠬᠤᠢ ᠳ᠋ᠤᠷ ᠰᠢᠨ᠎ᠡ ᠳᠤᠲᠠᠭᠠᠵᠤ ᠢᠷᠡᠭᠰᠡᠨ ᠴᠡᠷᠢᠭ ᠢ᠋ ᠬᠤᠪᠢᠶᠠᠵᠤ ᠬᠣᠲᠠ ᠪᠠᠨ ᠰᠠᠬᠢᠭᠤᠯᠰᠤᠭᠠᠢ ᠭᠡᠮᠡᠨ ᠵᠠᠬᠢᠶ᠎ᠠ ᠵᠠᠷᠯᠠᠲᠠᠯᠠ ᠭᠡᠨᠡᠳᠲᠡ ᠫᠤᠤ ᠶ᠋ᠢᠨ ᠳᠠᠭᠤᠨ ᠭᠠᠷᠴᠤ ᠬᠣᠲᠠ ᠳ᠋ᠤ᠌ ᠣᠷᠣᠭᠰᠠᠨ ᠴᠡᠷᠢᠭ ᠯᠢ ᠶᠦᠩ ᠦ᠋ᠨ ᠴᠡᠷᠢᠭ ᠢ᠋ ᠠᠯᠠᠨ ᠡᠭᠦᠰᠬᠡᠵᠦ᠂ ᠪᠤᠭᠤᠷᠵᠢ᠂ ᠳᠠᠷᠤᠢ ᠯᠢᠦ ᠶᠦᠩ ᠯᠦ᠍᠂ ᠯᠢᠦ ᠹᠦ ᠬᠣᠶᠠᠭᠤᠯᠠ ᠶ᠋ᠢ ᠡᠮᠦᠨ᠎ᠡ ᠠᠰᠠᠷ ᠲᠤᠷ ᠠᠪᠠᠷᠢᠭᠤᠯᠵᠤ ᠠᠯᠠᠨ ᠭᠠᠷᠤᠭᠰᠠᠨ᠎ᠠ᠂ ᠯᠢ ᠶᠦᠩ ᠫᠤᠤ ᠶ᠋ᠢᠨ ᠳᠠᠭᠤᠨ ᠳ᠋ᠤᠷ ᠶᠡᠬᠡᠯ᠎ᠡ ᠰᠡᠵᠢᠭᠯᠡᠨ ᠰᠠᠶᠢ ᠠᠰᠠᠷ ᠠ᠋ᠴᠠ ᠪᠠᠭᠤᠵᠤ ᠬᠢᠨᠠᠨ ᠦᠵᠡᠰᠦᠭᠡᠢ ᠬᠡᠮᠡᠵᠦ ᠠᠰᠠᠷ ᠤ᠋ᠨ ᠳᠡᠭᠲᠡᠷ ᠤᠷᠤᠭᠤ ᠶᠠᠪᠤᠬᠤᠶ᠎ᠠ᠂ ᠴᠢᠪᠬᠢᠲᠡᠯ᠎ᠡ ᠪᠤᠭᠤᠷᠵᠢ᠂ ᠯᠢᠦ ᠶᠦᠩ ᠯᠦ᠍᠂ ᠯᠢᠦ ᠹᠦ ᠲᠠᠨ ᠳ᠋ᠤᠷ ᠤᠴᠠᠷᠠᠵᠤ ᠯᠢ ᠶᠦᠩ ᠨᠠᠷ ᠢ᠋ ᠴᠠᠪᠴᠢᠨ ᠠᠯᠠᠭᠠᠳ ᠵᠢᠴᠢ ᠳᠠᠭᠠᠭᠰᠠᠨ ᠴᠡᠷᠢᠭ ᠢ᠋ ᠠᠯᠠᠨ ᠰᠠᠷᠨᠢᠭᠤᠯᠵᠤ᠂ ᠮᠣᠩᠭᠣᠯ ᠴᠡᠷᠢᠭ ᠳᠠᠷᠤᠢ ᠬᠣᠲᠠ ᠶ᠋ᠢ ᠪᠦᠷᠢᠨ ᠢ᠋ᠶ᠋ᠡᠷ ᠪᠤᠯᠢᠶᠠᠨ ᠠᠪᠴᠤ ᠰᠠᠮᠠᠭᠤᠷᠠᠨ ᠠᠯᠠᠵᠤ ᠡᠭᠦᠰᠬᠡᠪᠡ᠃ ᠰᠥᠪᠡᠭᠡᠲᠡᠢ ᠪᠠᠭᠠᠲᠤᠷ᠂ ᠬᠤᠢᠯᠠᠳᠠᠷ ᠬᠣᠰᠢᠭᠤᠴᠢ ᠬᠣᠶᠠᠭᠤᠯᠠ ᠵᠡᠭᠦᠨ ᠪᠠᠷᠠᠭᠤᠨ ᠬᠣᠶᠠᠷ ᠬᠠᠭᠠᠯᠭ᠎ᠠ ᠶ᠋ᠢ ᠰᠠᠬᠢᠵᠤ᠂ ᠬᠣᠲᠠᠨ ᠤ᠋ ᠳᠣᠲᠣᠷ᠎ᠠ ᠪᠤᠯᠤ᠂ ᠡᠭᠦᠯᠡᠨ ᠴᠡᠷᠪᠢ᠂ ᠠᠨᠠᠨᠳᠠ᠂ ᠰᠤᠪᠤᠲᠠᠢ᠂ ᠬᠣᠪᠣᠯᠠᠢ᠂ ᠱᠣᠪᠤᠯᠠᠢ᠂ ᠨᠠᠨᠰᠠᠷ᠂ ᠰᠢᠯᠢᠶᠠᠮᠪᠤ ᠡᠨᠡ ᠨᠠᠢ᠍ᠮᠠᠨ ᠵᠠᠩᠵᠤᠨ ᠳᠥᠷᠪᠡᠨ ᠵᠦᠭ ᠬᠣᠶᠠᠷ ᠬᠣᠶᠠᠷ ᠢ᠋ᠶ᠋ᠠᠷ ᠣᠯᠠᠨ ᠴᠡᠷᠢᠭ ᠢ᠋ ᠲᠡᠷᠢᠭᠦᠯᠡᠨ᠂ ᠰᠢᠶᠠ ᠤᠯᠤᠰ ᠤ᠋ᠨ ᠴᠡᠷᠢᠭ ᠢ᠋ ᠠᠯᠠᠬᠤᠢ ᠳ᠋ᠤᠷ ᠡᠮᠦᠨ᠎ᠡ ᠬᠠᠭᠠᠯᠭ᠎ᠠ ᠳ᠋ᠤᠷ ᠰᠢᠶᠠ ᠤᠯᠤᠰ ᠤ᠋ᠨ ᠴᠡᠷᠢᠭ ᠦ᠋ᠨ ᠡᠵᠡᠨ ᠯᠢ ᠶᠦᠩ ᠨᠢᠭᠡᠨᠲᠡ ᠠᠯᠠᠭᠳᠠᠭᠰᠠᠨ ᠲᠤᠯᠠ ᠪᠤᠭᠤᠷᠵᠢ ᠴᠠᠭᠠᠵᠠ ᠵᠠᠷᠯᠠᠨ ᠳᠠᠭᠠᠭᠰᠠᠳ ᠢ᠋ ᠪᠢᠲᠡᠭᠡᠢ ᠠᠯᠠ ᠭᠡᠮᠡᠨ ᠲᠡᠭᠷᠢ ᠭᠡᠭᠡᠷᠡᠲᠡᠯ᠎ᠡ ᠯᠦᠸᠧ ᠽᠢ ᠴᠧᠩ ᠬᠣᠲᠠ ᠶ᠋ᠢ ᠲᠣᠭᠲᠠᠭᠠᠨ ᠠᠪᠴᠤ ᠰᠢᠶᠠ ᠤᠯᠤᠰ ᠤ᠋ᠨ ᠳᠠᠭᠠᠭᠰᠠᠨ ᠴᠡᠷᠢᠭ ᠦ᠋ᠨ ᠬᠤᠶᠠᠭ ᠵᠡᠪᠰᠡᠭ ᠮᠣᠷᠢ ᠡᠮᠡᠭᠡᠯ ᠢ᠋ ᠬᠣᠷᠢᠶᠠᠨ ᠠᠪᠤᠭᠠᠳ ᠴᠢᠯᠠᠭᠤ ᠶ᠋ᠢ ᠤᠳᠤᠷᠢᠳᠤᠨ ᠬᠣᠲᠠᠨ ᠳ᠋ᠤᠷ ᠣᠷᠣᠭᠤᠯᠵᠤ᠂ ᠶᠠᠮᠤᠨ ᠳ᠋ᠤᠷ ᠰᠠᠭᠤᠭᠠᠳ ᠬᠣᠲᠠᠨ ᠢ᠋ ᠠᠯᠳᠠᠭᠰᠠᠨ ᠪᠣᠯᠪᠠᠴᠤ ᠡᠳᠦᠭᠡ ᠵᠠᠪᠰᠢᠶᠠᠨ ᠢ᠋ᠶ᠋ᠠᠷ ᠭᠡᠳᠡᠷᠭᠦ ᠣᠯᠵᠤ᠂ ᠤᠴᠢᠷ ᠰᠢᠯᠲᠠᠭᠠᠨ ᠢ᠋ ᠨᠠᠷᠢᠪᠴᠢᠯᠠᠨ ᠨᠤᠭᠤᠯᠪᠤᠷᠢ ᠪᠢᠴᠢᠵᠦ᠂ ᠯᠢᠦ ᠶᠦᠩ ᠯᠦ᠍᠂ ᠯᠢᠦ ᠹᠦ ᠨᠠᠷ ᠤ᠋ᠨ ᠶᠠᠯ᠎ᠠ ᠶ᠋ᠢ ᠬᠡᠯᠲᠦᠷᠢᠭᠦᠯᠬᠦ ᠶ᠋ᠢ ᠭᠤᠶᠤᠵᠤ᠂ ᠪᠣᠳᠣᠷᠣᠣᠯ ᠪᠢᠴᠢᠭ ᠢ᠋ ᠪᠤᠯᠤ᠂ ᠡᠭᠦᠯᠡᠨ ᠴᠡᠷᠪᠢ ᠬᠣᠶᠠᠭᠤᠯᠠ ᠳ᠋ᠤᠷ ᠪᠠᠷᠢᠭᠤᠯᠵᠤ ᠯᠢᠦ ᠶᠦᠩ ᠯᠦ᠍᠂ ᠯᠢᠦ ᠹᠦ ᠬᠣᠶᠠᠭᠤᠯᠠ ᠶ᠋ᠢ ᠳᠠᠭᠠᠭᠤᠯᠤᠨ ᠠᠪᠴᠤ ᠬᠠᠭᠠᠨ ᠤ᠋ ᠴᠡᠷᠢᠭ ᠢ᠋ ᠤᠭᠲᠤᠨ ᠠᠢᠯᠠᠳᠬᠠᠷ᠎ᠠ ᠶᠠᠪᠤᠭᠤᠯᠪᠠ᠃
ᠲᠡᠳᠦᠢ ᠬᠠᠭᠠᠨ ᠤ᠋ ᠭᠡᠭᠡᠨ ᠶᠡᠬᠡ ᠴᠡᠷᠢᠭ ᠢ᠋ᠶ᠋ᠡᠷ ᠰᠢᠶᠠ ᠤᠯᠤᠰ ᠤ᠋ᠨ ᠵᠠᠬ᠎ᠠ ᠣᠷᠣᠲᠠᠯ᠎ᠠ ᠬᠣᠯᠠ ᠲᠤᠷᠰᠢᠭᠤᠯ ᠢᠷᠡᠵᠦ ᠯᠢ ᠴᠢᠯᠢ ᠬᠣᠷᠣᠭ᠎ᠠ ᠠᠪᠲᠠᠬᠤ ᠰᠢᠬᠠᠭᠰᠠᠨ ᠢ᠋ ᠴᠡᠷᠢᠭ ᠰᠠᠯᠭᠠᠵᠤ ᠪᠠᠢᠯᠳᠤᠮᠤᠢ᠂ ᠪᠠᠰᠠ ᠯᠦᠸᠧ ᠽᠢ ᠴᠧᠩ ᠬᠣᠲᠠ ᠠᠪᠲᠠᠭᠰᠠᠨ ᠳ᠋ᠤᠷ ᠲᠠᠢᠹᠦ᠋ ᠪᠤᠭᠤᠷᠵᠢ ᠶ᠋ᠢᠨ ᠴᠡᠷᠢᠭ ᠪᠠᠢᠯᠳᠤᠷ᠎ᠠ ᠡᠴᠢᠭᠰᠡᠨ ᠢ᠋ ᠠᠢᠯᠠᠳᠬᠠᠲᠠᠯ᠎ᠠ ᠳᠠᠭᠠᠯᠳᠤᠭ᠎ᠠ ᠪᠤᠯᠤ᠂ ᠡᠭᠦᠯᠡᠨ ᠴᠡᠷᠪᠢ ᠨᠠᠷ ᠬᠦᠷᠴᠦ ᠢᠷᠡᠵᠦ ᠪᠣᠳᠣᠷᠣᠣᠯ ᠪᠢᠴᠢᠭ ᠢ᠋ ᠡᠷᠭᠦᠨ ᠠᠢᠯᠠᠳᠬᠠᠭᠰᠠᠨ ᠳ᠋ᠤᠷ ᠬᠠᠭᠠᠨ ᠭᠡᠭᠡᠨ ᠶᠡᠬᠡᠯ᠎ᠡ ᠪᠡᠶᠡᠰᠦᠨ᠂ ᠶᠠᠯ᠎ᠠ ᠬᠦᠯᠢᠶᠡᠷ᠎ᠡ ᠢᠷᠡᠭᠰᠡᠨ ᠯᠢᠦ ᠶᠦᠩ ᠯᠦ᠍᠂ ᠯᠢᠦ ᠹᠦ ᠬᠣᠶᠠᠭᠤᠯᠠ ᠶ᠋ᠢ ᠳᠠᠭᠤᠳᠠᠨ ᠤᠴᠠᠷᠠᠵᠤ᠂ ᠬᠦᠯᠢᠶᠡᠰᠦᠨ ᠢ᠋ ᠲᠠᠢᠯᠤᠭᠤᠯᠵᠤ ᠵᠠᠷᠯᠢᠭ ᠪᠣᠯᠤᠷᠤᠨ : 《ᠨᠢᠭᠡᠨ ᠲᠦᠮᠡᠨ ᠦᠯᠦ ᠬᠦᠷᠬᠦ ᠴᠡᠷᠢᠭ ᠢ᠋ᠶ᠋ᠡᠷ ᠲᠠᠪᠤᠨ ᠲᠦᠮᠡᠨ ᠢ᠋ ᠬᠡᠷᠬᠢᠨ ᠲᠤᠯᠬᠤ ? ᠲᠠᠨ ᠤ᠋ ᠪᠤᠷᠤᠭᠤ ᠪᠤᠰᠤ ᠴᠡᠷᠢᠭ ᠦ᠋ᠨ ᠬᠦᠴᠦᠨ ᠡᠰᠡ ᠬᠦᠷᠦᠭᠰᠡᠨ ᠦ᠌ ᠰᠢᠯᠲᠠᠭᠠᠨ ᠪᠣᠯᠠᠢ ! 》ᠭᠡᠮᠡᠨ ᠶᠠᠯ᠎ᠠ ᠶ᠋ᠢ ᠬᠡᠯᠲᠦᠷᠢᠭᠦᠯᠵᠦ᠂ ᠲᠠᠢᠹᠦ᠋ ᠮᠤᠬᠤᠯᠢ ᠳ᠋ᠤᠷ ᠡᠨᠡ ᠬᠣᠶᠠᠷ ᠲᠦᠰᠢᠮᠡᠯ ᠢ᠋ ᠤᠭ ᠲᠤᠰᠢᠶᠠᠯ ᠴᠣᠯᠠ ᠳ᠋ᠤ᠌ ᠠᠬᠤᠭᠤᠯ ᠭᠡᠮᠡᠨ ᠵᠠᠷᠯᠢᠭ ᠪᠠᠭᠤᠯᠭᠠᠪᠠ᠃ ᠯᠢᠦ ᠶᠦᠩ ᠯᠦ᠍᠂ ᠯᠢᠦ ᠹᠦ ᠬᠣᠶᠠᠭᠤᠯᠠ ᠦᠬᠦᠲᠡᠯ᠎ᠡ ᠰᠢᠲᠦᠵᠦ ᠬᠡᠰᠢᠭ ᠲᠣᠷ ᠮᠥᠷᠭᠥᠵᠦ ᠭᠠᠷᠪᠠ᠃
ᠲᠡᠨᠳᠡᠴᠡ ᠬᠠᠭᠠᠨ ᠤ᠋ ᠭᠡᠭᠡᠨ᠂ ᠶᠡᠬᠡ ᠴᠡᠷᠢᠭ ᠢ᠋ᠶ᠋ᠡᠷ ᠯᠢ ᠴᠢᠯᠢ ᠶ᠋ᠢ ᠳᠠᠭᠠᠷᠢᠨ ᠯᠦᠸᠧ ᠽᠢ ᠴᠧᠩ ᠬᠣᠲᠠᠨ ᠳ᠋ᠤ᠌ ᠬᠦᠷᠴᠦ ᠢᠷᠡᠬᠦᠶ᠎ᠡ᠂ ᠵᠠᠮ ᠤ᠋ᠨ ᠭᠣᠳᠣᠰ ᠣᠯᠠᠨ ᠢᠷᠭᠡᠨ ᠦ᠌ ᠡᠭᠡᠭᠦᠯᠦᠨ ᠬᠠᠷᠢᠭᠤᠯᠤᠭᠰᠠᠨ ᠤᠷᠢᠳᠠ ᠶ᠋ᠢᠨ ᠬᠡᠰᠢᠭ ᠢ᠋ ᠰᠠᠨᠠᠵᠤ ᠬᠦᠵᠢᠰ ᠦ᠋ᠨ ᠰᠢᠷᠡᠭᠡ ᠪᠡᠯᠡᠳᠴᠦ ᠮᠥᠷᠭᠥᠨ ᠤᠭᠲᠤᠬᠤ ᠠᠨᠤ ᠵᠠᠮ ᠵᠡᠭᠡᠯᠢ ᠳ᠋ᠦ᠍ᠷ ᠳᠦᠭᠦᠷᠴᠦᠬᠦᠢ᠃ ᠨᠡᠢᠲᠡ ᠶ᠋ᠢ ᠣᠯᠠᠨ ᠴᠡᠷᠢᠭ ᠲᠦ᠍ᠷ ᠱᠠᠩᠨᠠᠭᠰᠠᠨ ᠳ᠋ᠤᠷ ᠪᠤᠳᠠᠭ᠎ᠠ ᠪᠣᠭᠣᠷᠰᠣᠭ ᠮᠠᠯᠤ ᠳ᠋ᠤᠷ ᠴᠠᠢ ᠱᠥᠯᠥ ᠬᠦᠷᠭᠡᠵᠦ ᠢᠷᠡᠨ᠂ ᠴᠡᠷᠢᠭ ᠲᠦ᠍ᠷ ᠪᠠᠷᠢᠬᠤ ᠠᠨᠤ ᠮᠠᠰᠢ ᠣᠯᠠᠨ ᠳ᠋ᠤᠷ ᠬᠠᠭᠠᠨ ᠮᠤᠬᠤᠯᠢ ᠠ᠋ᠴᠠ ᠠᠰᠠᠭᠤᠷᠤᠨ :《ᠡᠨᠡ ᠢᠷᠭᠡᠳ ᠬᠠᠷᠢᠨ ᠠᠴᠢ ᠶ᠋ᠢ ᠲᠡᠮᠳᠡᠭᠯᠡᠬᠦ ᠠᠵᠤᠭᠤ! 》ᠬᠡᠮᠡᠪᠡ᠃
ᠲᠡᠳᠦᠢ ᠪᠤᠭᠤᠷᠵᠢ᠂ ᠴᠢᠯᠠᠭᠤ᠂ ᠰᠥᠪᠡᠭᠡᠲᠡᠢ᠂ ᠬᠣᠢᠯᠠᠳᠠᠷ᠂ ᠵᠠᠯᠠᠭᠤ ᠵᠠᠩᠵᠤᠨ ᠨᠠᠢ᠍ᠮᠠᠭᠤᠯᠠ ᠶ᠋ᠢ ᠠᠪᠴᠤ ᠬᠣᠲᠠ ᠠ᠋ᠴᠠ ᠭᠠᠷᠴᠤ ᠠᠷᠪᠠᠨ ᠭᠠᠵᠠᠷ ᠤ᠋ᠨ ᠦᠵᠦᠭᠦᠷ ᠲᠣᠰᠴᠤ ᠬᠠᠭᠠᠨ ᠢ᠋ ᠤᠭᠲᠤᠨ ᠮᠥᠷᠭᠥᠬᠦᠢ ᠳ᠋ᠦ᠍ᠷ ᠬᠠᠭᠠᠨ ᠤ᠋ ᠭᠡᠭᠡᠨ ᠪᠤᠭᠤᠷᠵᠢ᠂ ᠴᠢᠯᠠᠭᠤ ᠬᠣᠶᠠᠭᠤᠯᠠ ᠳ᠋ᠤᠷ ᠮᠣᠳᠣᠷ ᠢ᠋ᠶ᠋ᠠᠷ ᠠᠷᠢᠬᠢ ᠬᠠᠢᠷᠠᠯᠠᠨ ᠰᠠᠢᠰᠢᠶᠠᠨ ᠮᠠᠭᠲᠠᠵᠤ ᠬᠥᠬᠢᠭᠦᠯᠪᠡ᠃ ᠲᠡᠳᠦᠢ ᠬᠣᠲᠠᠨ ᠳ᠋ᠤᠷ ᠣᠷᠣᠵᠤ᠂ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠬᠥᠬᠢᠭᠦᠯᠪᠡ᠃
ᠲᠡᠨᠳᠡᠴᠡ ᠰᠢᠶᠠ ᠤᠯᠤᠰ ᠤ᠋ᠨ ᠡᠵᠡᠨ ᠯᠢ ᠠᠨ ᠴᠢᠤᠸᠠᠨ᠂ ᠪᠠᠭᠠᠲᠤᠷ ᠦᠭᠡᠢ ᠪᠣᠯᠪᠠᠴᠤ ᠬᠥᠮᠦᠨ ᠢᠨᠤ ᠮᠠᠰᠢ ᠰᠡᠴᠡᠨ᠃ ᠭᠠᠭᠴᠠ ᠪᠡᠶ᠎ᠡ ᠡᠴᠡ ᠬᠥᠪᠡᠭᠦᠨ ᠦᠭᠡᠢ ᠲᠤᠯᠠ ᠲᠥᠷᠥᠯ ᠦ᠋ᠨ ᠬᠥᠪᠡᠭᠦᠨ ᠰᠦᠨ ᠰᠢᠦᠢ ᠶ᠋ᠢ ᠠᠪᠴᠤ ᠦᠷᠡᠴᠢᠯᠡᠭᠡᠳ ᠰᠠᠭᠤᠷᠢᠨ ᠵᠠᠯᠭᠠᠮᠵᠢᠯᠠᠬᠤ ᠬᠥᠪᠡᠭᠦᠨ ᠪᠣᠯᠭᠠᠨ᠂ ᠣᠯᠠᠨ ᠰᠠᠢᠳ ᠲᠦᠰᠢᠮᠡᠳ ᠢ᠋ᠶ᠋ᠡᠨ ᠠᠪᠴᠤ ᠮᠣᠩᠭᠣᠯ ᠤ᠋ᠨ ᠴᠡᠷᠢᠭ ᠢ᠋ ᠲᠤᠯᠬᠤ ᠶ᠋ᠢ ᠵᠥᠪᠯᠡᠵᠦ᠂ ᠯᠢ ᠶᠦᠩ ᠢ᠋ ᠶᠡᠬᠡ ᠶᠤᠸᠠᠨᠱᠤᠸᠠᠢ ᠪᠣᠯᠭᠠᠨ ᠲᠠᠪᠤᠨ ᠲᠦᠮᠡᠨ ᠴᠡᠷᠢᠭ ᠥᠭᠴᠦ ᠬᠠᠭᠤᠴᠢᠨ ᠠᠯᠳᠠᠭᠰᠠᠨ ᠬᠣᠷᠣᠭ᠎ᠠ ᠬᠣᠲᠠ ᠶ᠋ᠢ ᠪᠤᠯᠢᠶᠠᠨ ᠠᠪᠴᠤ ᠲᠡᠨᠳᠡ ᠴᠡᠷᠢᠭ ᠰᠤᠷᠭᠠᠨ ᠮᠣᠩᠭᠣᠯ ᠢ᠋ ᠰᠡᠷᠭᠡᠢᠯᠡᠰᠦᠭᠡᠢ ᠬᠡᠮᠡᠲᠡᠯ᠎ᠡ ᠰᠠᠨᠠᠮᠰᠠᠷ ᠦᠭᠡᠢ ᠪᠠᠰᠠ ᠲᠣᠬᠢᠶᠠᠯ ᠪᠣᠯᠤᠨ ᠮᠣᠩᠭᠣᠯ ᠤ᠋ᠨ ᠴᠢᠩᠭᠢᠰ ᠬᠠᠭᠠᠨ ᠤ᠋ ᠪᠡᠶ᠎ᠡ ᠪᠡᠷ ᠰᠢᠶᠠ ᠤᠯᠤᠰ ᠢ᠋ ᠳᠠᠢᠯᠠᠷ᠎ᠠ ᠢᠷᠡᠬᠦ ᠬᠣᠰᠢᠭᠤᠴᠢ ᠲᠠᠢᠹᠦ᠋ ᠪᠤᠭᠤᠷᠵᠢ᠂ ᠲᠠᠢᠪᠤᠤ ᠴᠢᠯᠠᠭᠤ ᠨᠠᠷ ᠤ᠋ᠨ ᠴᠡᠷᠢᠭ ᠲᠦ᠍ᠷ ᠤᠴᠠᠷᠠᠵᠤ ᠶᠡᠬᠡᠳᠡ ᠳᠠᠷᠤᠭᠳᠠᠨ ᠬᠠᠭᠠᠰ ᠬᠤᠶᠠᠭ ᠡᠭᠡᠭᠰᠡᠨ ᠦᠭᠡᠢ᠃ ᠡᠭᠦᠨ ᠳ᠋ᠦ᠍ᠷ ᠯᠢ ᠠᠨ ᠴᠢᠣᠸᠠᠨ ᠶᠡᠬᠡᠯ᠎ᠡ ᠭᠡᠯᠮᠡᠵᠦ ᠶᠠᠭᠠᠷᠠᠨ ᠶᠡᠬᠡ ᠬᠡᠩᠭᠡᠷᠭᠡ ᠴᠣᠬᠢᠭᠤᠯᠵᠤ᠂ ᠵᠠᠭᠤᠨ ᠲᠦᠰᠢᠮᠡᠳ ᠢ᠋ ᠬᠤᠷᠠᠭᠠᠨ᠂ ᠮᠣᠩᠭᠣᠯ ᠢ᠋ ᠲᠤᠯᠬᠤᠢ ᠶ᠋ᠢ ᠵᠥᠪᠳᠡᠬᠦᠢ ᠳ᠋ᠦ᠍ᠷ ᠲᠥᠷᠥ ᠶ᠋ᠢᠨ ᠲᠡᠷᠢᠭᠦᠯᠡᠭᠰᠡᠨ ᠳᠥᠷᠪᠡᠨ ᠰᠠᠢᠳ ᠭᠣᠣ ᠯᠢᠩ ᠬᠦᠩ᠂ ᠸᠧᠢ ᠮᠢᠩ ᠯᠢᠩ ᠬᠦᠩ᠂ ᠵᠢᠴᠢ ᠲᠠᠢᠹᠦ᠋ ᠲᠦᠰᠢᠮᠡᠯ ᠱᠢᠪᠢᠱᠢ᠂ ᠯᠢᠦ ᠪᠦᠸᠧ ᠯᠢᠨ ᠳᠥᠷᠪᠡᠭᠦᠯᠡ ᠯᠦ᠍ᠭᠡ ᠵᠥᠪᠯᠡᠵᠦ ᠥᠭᠦᠯᠡᠷᠦᠨ :《ᠮᠣᠩᠭᠣᠯ ᠤ᠋ᠨ ᠴᠡᠷᠢᠭ ᠦ᠋ᠨ ᠬᠦᠴᠦᠨ ᠠᠰᠤᠷᠤ ᠴᠢᠭᠢᠷᠠᠭ ᠪᠥᠭᠡᠳ ᠪᠠᠭᠠᠲᠤᠷ᠂ ᠡᠳᠦᠭᠡ ᠰᠠᠨᠠᠮᠰᠠᠷ ᠦᠭᠡᠢ ᠶᠠᠯ᠎ᠠ ᠠᠰᠠᠭᠤᠨ ᠦᠰ ᠠᠪᠤᠷᠠ ᠢᠷᠡᠪᠡ᠃ ᠪᠢᠳᠡ ᠬᠡᠳᠦᠢ ᠬᠠᠭᠤᠴᠢᠨ ᠤᠯᠤᠰ ᠪᠣᠯᠪᠠᠴᠤ ᠴᠡᠷᠢᠭ ᠢᠷᠭᠡᠨ ᠨᠢᠭᠡᠨᠲᠡ ᠴᠠᠯᠠᠭᠠᠢ ᠪᠣᠯᠵᠤᠬᠤᠢ᠃ ᠣᠳᠣ ᠬᠡᠷᠬᠢᠨ ᠲᠤᠯᠪᠠᠰᠤ ᠵᠣᠬᠢᠮᠤᠢ?》ᠸᠧᠢ ᠮᠢᠩ ᠯᠢᠩ ᠬᠦᠩ ᠥᠭᠦᠯᠡᠷᠦᠨ :《ᠲᠡᠷᠡ ᠨᠢᠭᠡᠨ ᠭᠠᠳᠠᠭᠠᠳᠤ ᠪᠣᠯᠬᠢ ᠪᠢᠲᠡᠭᠦᠯᠢᠭ ᠵᠡᠷᠯᠢᠭ ᠤᠯᠤᠰ ᠬᠡᠳᠦᠢ ᠪᠠᠬᠠᠨ ᠰᠢᠨᠡᠬᠡᠨ ᠪᠠᠢᠭᠤᠯᠤᠭᠰᠠᠨ ᠣᠮᠣᠭ ᠬᠦᠴᠦᠨ ᠪᠠᠢᠪᠠᠴᠤ ᠪᠢᠳᠡ ᠠᠷᠭ᠎ᠠ ᠬᠡᠷᠡᠭᠯᠡᠨ ᠪᠠᠷᠢᠪᠠᠰᠤ ᠨᠢᠭᠡᠨ ᠤᠳᠠᠭ᠎ᠠ ᠳ᠋ᠤᠷ ᠳᠠᠷᠤᠢ ᠵᠢᠷᠦᠬᠡ ᠬᠡᠮᠬᠡᠷᠡᠲᠡᠯ᠎ᠡ ᠠᠶᠤᠬᠤ ᠪᠣᠯᠠᠢ ! 》 ᠬᠡᠮᠡᠲᠡᠯ᠎ᠡ ᠭᠣᠣ ᠯᠢᠩ ᠬᠦᠩ ᠬᠠᠵᠠᠭᠤ ᠠ᠋ᠴᠠ ᠲᠣᠰᠴᠤ ᠢᠨᠢᠶᠡᠨ ᠥᠭᠦᠯᠡᠷᠦᠨ :《ᠡᠷᠭᠢᠨ ᠠᠬ᠎ᠠ ᠶ᠋ᠢᠨ ᠡᠨᠡ ᠦᠭᠡ ᠴᠢᠪᠬᠢᠲᠡᠯ᠎ᠡ ᠮᠢᠨᠦ ᠰᠠᠨᠠᠭᠠᠨ ᠳ᠋ᠤ᠌ ᠨᠡᠢᠴᠡᠪᠡ᠃ ᠡᠨᠡ ᠬᠡᠳᠦᠨ ᠵᠢᠯ ᠮᠠᠨ ᠤ᠋ ᠴᠡᠷᠢᠭ ᠮᠣᠩᠭᠣᠯ ᠠ᠋ᠴᠠ ᠮᠠᠰᠢ ᠠᠶᠤᠵᠤᠬᠤᠢ᠃ ᠪᠤᠰᠤ ᠰᠠᠢᠳ ᠢ᠋ ᠠᠮᠠᠯᠠᠨ ᠭᠠᠷᠭᠠᠪᠠᠰᠤ ᠴᠥᠮ ᠬᠡᠯᠪᠡᠷᠢᠨ ᠬᠡᠯᠡᠵᠦ ᠬᠡᠷᠡᠭ ᠦᠯᠦ ᠪᠦᠲᠦᠭᠡᠮᠦᠢ᠃ ᠨᠡᠩ ᠪᠠᠰᠠ ᠡᠳᠦᠭᠡ ᠯᠢ ᠶᠦᠩ ᠂ ᠵᠧᠦ ᠴᠠᠩ ᠬᠣᠶᠠᠷ ᠶᠡᠬᠡ ᠵᠠᠩᠵᠤᠨ ᠠᠯᠠᠭᠳᠠᠭᠰᠠᠨ ᠳ᠋ᠤᠷ ᠮᠠᠨ ᠤ᠋ ᠴᠡᠷᠢᠭ ᠬᠡᠲᠦᠷᠬᠡᠶ᠎ᠡ ᠠᠶᠤᠵᠤᠬᠤᠢ᠃ ᠬᠠᠭᠠᠨ ᠥᠷᠥᠰᠢᠶᠡᠬᠦᠯ᠎ᠡ ᠰᠠᠢᠳ ᠨᠠᠳᠠ ᠳ᠋ᠤᠷ ᠠᠷᠪᠠᠨ ᠲᠦᠮᠡᠨ ᠴᠡᠷᠢᠭ ᠥᠭᠴᠦ ᠲᠠᠢᠹᠦ᠋ ᠲᠦᠰᠢᠮᠡᠯ ᠱ᠌ᠢᠪᠢᠱ᠌ᠢ ᠶ᠋ᠢ ᠬᠠᠪᠰᠤᠷᠤᠭᠤᠯᠤᠨ ᠥᠭ᠃ ᠰᠠᠢᠳ ᠪᠢ ᠬᠡᠳᠦᠢ ᠮᠣᠩᠭᠣᠯ ᠢ᠋ ᠪᠦᠷᠢᠨ᠎ᠡ ᠠᠯᠠᠵᠤ ᠦᠨᠳᠦᠰᠦᠨ ᠢ᠋ ᠲᠠᠰᠤᠯᠵᠤ ᠡᠰᠡ ᠴᠢᠳᠠᠪᠠᠴᠤ ᠡᠨᠡ ᠡᠳᠦᠷ ᠡᠴᠡ ᠬᠣᠢᠰᠢ ᠡᠭᠦᠷᠢᠳᠡ ᠮᠠᠨ ᠤ᠋ ᠡᠰᠡᠷᠭᠦ ᠬᠠᠨᠳᠤᠬᠤ ᠦᠭᠡᠢ ᠪᠣᠯᠭᠠᠰᠤᠭᠠᠢ ! 》ᠬᠡᠮᠡᠭᠰᠡᠨ ᠳ᠋ᠦ᠍ᠷ ᠰᠢᠶᠠ ᠤᠯᠤᠰ ᠤ᠋ᠨ ᠡᠵᠡᠨ ᠯᠢ ᠠᠨ ᠴᠢᠦᠸᠡᠨ ᠥᠭᠦᠯᠡᠷᠦᠨ : 《ᠣᠯᠠᠨ ᠰᠠᠢᠳ ᠲᠠᠨ ᠤ᠋ ᠮᠢᠨᠦ ᠤᠯᠤᠰ ᠲᠥᠷᠥ ᠬᠠᠭᠠᠨ ᠤᠭᠰᠠᠭ᠎ᠠ ᠳ᠋ᠤᠷ ᠵᠢᠳᠬᠦᠬᠦ ᠰᠠᠨᠠᠭᠠᠨ ᠮᠠᠰᠢ ᠦᠨᠡᠨ᠃ ᠭᠠᠭᠴᠠ ᠪᠢ ᠤᠷᠲᠤᠳᠠ ᠰᠣᠨᠣᠰᠬᠤᠯ᠎ᠠ ᠮᠣᠩᠭᠣᠯ ᠤ᠋ᠨ ᠡᠵᠡᠨ ᠴᠢᠩᠭᠢᠰ ᠦ᠋ᠨ ᠰᠦᠷ ᠪᠤᠶᠠᠨ ᠠᠰᠤᠷᠤ ᠬᠡᠲᠦᠷᠬᠡᠢ ᠪᠥᠭᠡᠳ ᠣᠶᠤᠨ ᠮᠠᠲᠠᠯ ᠰᠣᠨᠢᠨ ᠭᠠᠢᠬᠠᠮᠰᠢᠭᠲᠠᠢ᠃ ᠲᠡᠭᠦᠨ ᠦ᠌ ᠳᠣᠣᠷᠠᠬᠢ ᠴᠡᠷᠢᠭ ᠦ᠋ᠨ ᠡᠵᠡᠨ ᠮᠤᠬᠤᠯᠢ ᠬᠡᠮᠡᠭᠴᠢ ᠨᠡᠩ ᠰᠣᠨᠢᠨ᠂ ᠴᠡᠷᠢᠭ ᠬᠡᠷᠡᠭᠯᠡᠬᠦ ᠢᠨᠦ ᠬᠤᠪᠢᠯᠭᠠᠨ ᠮᠡᠲᠦ᠂ ᠭᠠᠳᠠᠨ᠎ᠠ ᠪᠢᠲᠡᠭᠦᠯᠢᠭ ᠳᠣᠲᠣᠷ᠎ᠠ ᠨᠠᠷᠢᠨ᠂ ᠨᠠᠢ᠍ᠮᠠᠨ ᠢ᠋ ᠮᠥᠬᠥᠭᠡᠨ᠂ ᠨᠠᠢ᠍ᠮᠠᠨ ᠤ᠋ ᠪᠢᠴᠢᠭ ᠲᠠᠮᠠᠭ᠎ᠠ ᠶ᠋ᠢ ᠬᠠᠮᠢᠶᠠᠷᠤᠭᠰᠠᠨ ᠳ᠋ᠠᠳᠠᠳᠤᠩᠭ᠎ᠠ ᠶ᠋ᠢ ᠤᠯᠤᠰ ᠠ᠋ᠴᠠ ᠴᠠᠭ ᠮᠥᠴᠡ ᠦᠯᠦ ᠰᠠᠯᠭᠠᠨ᠂ ᠡᠷᠲᠡ ᠡᠳᠦᠭᠡᠬᠢ ᠪᠢᠴᠢᠭ ᠰᠤᠳᠤᠷ ᠤ᠋ᠨ ᠤᠯᠤᠰ ᠪᠦᠷᠢ ᠶ᠋ᠢᠨ ᠠᠯᠳᠠᠵᠤ ᠣᠯᠤᠭᠰᠠᠨ ᠢ᠋ ᠰᠣᠨᠣᠰᠴᠤ ᠠᠯᠢᠨ ᠤ᠋ ᠣᠶᠤᠨ ᠭᠦᠨ ᠭᠦᠶᠦᠬᠡᠨ᠂ ᠠᠯᠢᠨ ᠤ᠋ ᠲᠣᠬᠢᠶᠠᠯ ᠠᠯᠳᠠᠵᠤ ᠣᠯᠤᠭᠰᠠᠨ ᠢ᠋ ᠬᠢᠨᠠᠬᠤ ᠮᠠᠰᠢ ᠭᠠᠢᠬᠠᠮᠰᠢᠭᠲᠠᠢ ᠬᠡᠮᠡᠮᠦᠢ᠂ ᠡᠳᠦᠭᠡ ᠠᠯᠲᠠᠨ ᠤᠯᠤᠰ ᠤ᠋ᠨ ᠬᠡᠯᠡᠯᠴᠡᠬᠦ ᠶ᠋ᠢ ᠦᠵᠡᠬᠦᠯ᠎ᠡ ᠲᠡᠭᠷᠢ ᠶ᠋ᠢᠨ ᠪᠠᠢᠳᠠᠯ ᠳ᠋ᠤ᠌ ᠬᠣᠢᠲᠤ ᠽᠢ ᠸᠧᠢ ᠣᠳᠣᠨ ᠤ᠋ ᠭᠡᠷᠡᠯ ᠤᠮᠠᠷ᠎ᠠ ᠠ᠋ᠴᠠ ᠭᠠᠷᠤᠮᠤᠢ ᠬᠡᠮᠡᠮᠦᠢ᠃ ᠡᠳᠡᠭᠡᠷ ᠢ᠋ᠶ᠋ᠡᠷ ᠦᠵᠡᠬᠦᠯ᠎ᠡ ᠬᠡᠷᠪᠡ ᠲᠡᠭᠷᠢ ᠶ᠋ᠢᠨ ᠴᠠᠭ ᠪᠣᠯᠪᠠᠤ ᠭᠡᠮᠡᠨ ᠡᠮᠢᠶᠡᠮᠦᠢ ! 》ᠬᠡᠮᠡᠭᠰᠡᠨ ᠳ᠋ᠦ᠍ᠷ ᠲᠠᠢᠹᠦ᠋ ᠲᠦᠰᠢᠮᠡᠯ ᠯᠢᠦ ᠪᠦᠸᠧ ᠯᠢᠨ ᠲᠠᠪᠰᠢᠵᠤ ᠥᠭᠦᠯᠡᠷᠦᠨ :《ᠡᠵᠡᠨ ᠦ᠌ ᠠᠢᠯᠠᠳᠤᠭᠰᠠᠨ ᠠᠨᠤ ᠭᠡᠭᠡᠬᠡᠨ ᠲᠠᠰᠤᠷᠬᠠᠢ᠂ ᠬᠣᠢᠲᠤ ᠮᠣᠩᠭᠣᠯ ᠤᠯᠤᠰ ᠤ᠋ᠨ ᠡᠵᠡᠨ ᠮᠠᠭᠠᠳ ᠠᠯᠲᠠᠨ ᠭᠠᠳᠠᠰᠤ ᠣᠳᠣᠨ ᠮᠥᠨ᠂ ᠲᠡᠭᠦᠨ ᠯᠦ᠍ᠭᠡ ᠲᠡᠮᠡᠴᠡᠬᠦ ᠡᠴᠡ ᠳᠠᠭᠠᠵᠤ ᠤᠯᠤᠰ ᠲᠥᠷᠥ ᠶ᠋ᠢ ᠠᠮᠤᠷ ᠢ᠋ᠶ᠋ᠠᠷ ᠰᠠᠬᠢᠨ ᠪᠦᠷᠢᠨ ᠪᠣᠯᠭᠠᠬᠤᠢ ᠳ᠋ᠤᠷ ᠦᠯᠦ ᠬᠦᠷᠦᠮᠦᠢ ! 》ᠬᠡᠮᠡᠬᠦᠢ ᠳ᠋ᠦ᠍ᠷ ᠬᠠᠵᠠᠭᠤ ᠠ᠋ᠴᠠ ᠭᠣᠣ ᠯᠢᠩ ᠬᠦᠩ ᠶᠡᠬᠡ ᠠᠭᠤᠷᠯᠠᠨ ᠥᠭᠦᠯᠡᠷᠦᠨ :《ᠡᠷᠭᠢᠨ ᠠᠬ᠎ᠠ ᠶᠠᠭᠤᠨ ᠳ᠋ᠤᠷ ᠪᠡᠶ᠎ᠡ ᠠᠮᠤᠷ ᠢ᠋ ᠬᠠᠷᠠᠵᠤ ᠤᠯᠤᠰ ᠤ᠋ᠨ ᠭᠣᠲᠣᠮᠰᠢᠭ᠋ ᠢ᠋ ᠦᠯᠦ ᠪᠣᠳᠣᠮᠤᠢ ? ᠮᠠᠨ ᠤ᠋ ᠰᠢᠶᠠ ᠤᠯᠤᠰ ᠪᠠᠢᠭᠤᠯᠤᠭᠠᠳ ᠵᠠᠭᠤᠨ ᠣᠨ ᠰᠢᠬᠠᠮ ᠪᠣᠯᠪᠠ᠃ ᠠᠯᠲᠠᠨ ᠤᠯᠤᠰ ᠯᠤᠭ᠎ᠠ ᠵᠢᠷᠠ ᠳᠠᠯᠠᠨ ᠵᠢᠯ ᠦ᠋ᠨ ᠨᠠᠢᠷ ᠪᠣᠢ᠂ ᠪᠠᠰᠠ ᠪᠠᠷᠠᠭᠤᠨ ᠡᠮᠦᠨ᠎ᠡ ᠴᠢᠯᠵᠢᠱ᠌ᠢ ᠤᠯᠤᠰ᠂ ᠴᠢᠬᠡ ᠪᠠᠷᠠᠭᠤᠨ ᠢᠳᠢᠨᠡᠷ ᠤᠯᠤᠰ ᠪᠠᠷᠠᠭᠤᠨ ᠬᠣᠢᠲᠤ ᠠᠯᠠᠭ ᠳᠡᠪᠡᠯᠲᠦ ᠤᠯᠤᠰ᠂ ᠡᠨᠡ ᠳᠥᠷᠪᠡᠨ ᠤᠯᠤᠰ ᠴᠥᠮ ᠮᠠᠨ ᠤ᠋ ᠤᠯᠤᠰ ᠯᠤᠭ᠎ᠠ ᠭᠦᠨ᠎ᠡ ᠨᠠᠢᠷ ᠪᠣᠢ᠃ ᠣᠳᠣ ᠡᠳᠦᠭᠡ ᠬᠡᠳᠦᠢ ᠯᠢ ᠴᠢᠯᠢ ᠬᠣᠷᠣᠭ᠎ᠠ᠂ ᠯᠦᠸᠧ ᠽᠧ ᠴᠧᠩ ᠬᠣᠲᠠ ᠬᠡᠳᠦ ᠬᠡᠳᠦᠨ ᠤᠳᠠᠭ᠎ᠠ ᠪᠤᠯᠢᠶᠠᠭᠳᠠᠭᠰᠠᠨ ᠪᠣᠯᠪᠠᠴᠤ ᠡᠭᠡᠨᠡᠭᠲᠡ ᠡᠰᠡ ᠪᠠᠢᠯᠳᠤᠭᠰᠠᠨ ᠠ᠋ᠴᠠ ᠪᠣᠯᠵᠤᠬᠤᠢ ᠃ ᠡᠳᠦᠭᠡ ᠠᠯᠲᠠᠨ ᠤᠯᠤᠰ ᠪᠠ ᠴᠢᠯᠵᠢᠱ᠌ᠢ ᠤᠯᠤᠰ᠂ ᠢᠳᠢᠨᠡᠷ ᠤᠯᠤᠰ᠂ ᠠᠯᠠᠭ ᠳᠡᠪᠡᠯᠲᠦ ᠤᠯᠤᠰ ᠡᠨᠡ ᠳᠥᠷᠪᠡᠨ ᠤᠯᠤᠰ ᠲᠤᠷ ᠵᠣᠪᠠᠯᠠᠩ ᠪᠣᠯᠤᠭᠰᠠᠨ ᠤᠴᠢᠷ ᠢ᠋ ᠬᠡᠯᠡᠵᠦ ᠡᠯᠴᠢ ᠢᠯᠡᠬᠡᠨ ᠴᠡᠷᠢᠭ ᠭᠤᠶᠤᠵᠤ ᠪᠣᠯᠤᠮᠤᠢ᠃ ᠮᠠᠨ ᠤ᠋ ᠴᠡᠷᠢᠭ ᠮᠥᠨ ᠭᠤᠴᠢᠨ ᠲᠦᠮᠡᠨ ᠢᠯᠡᠭᠦᠦ ᠪᠣᠢ᠃ ᠭᠠᠭᠴᠠ ᠡᠭᠦᠨ ᠦ᠌ ᠬᠠᠭᠠᠰ ᠢ᠋ ᠬᠡᠷᠡᠭᠯᠡᠨ ᠮᠠᠨ ᠤ᠋ ᠣᠯᠣᠭᠠᠢ ᠬᠣᠲᠠ ᠶ᠋ᠢᠨ ᠰᠠᠪᠠ ᠳ᠋ᠤᠷ ᠡᠴᠢᠵᠦ ᠰᠠᠬᠢᠵᠤ ᠪᠠᠢᠯᠳᠤᠨ ᠲᠤᠯᠪᠠᠰᠤ ᠬᠥᠮᠦᠨ ᠳ᠋ᠦ᠍ᠷ ᠪᠣᠭᠣᠯ ᠪᠣᠯᠤᠭᠰᠠᠨ ᠠ᠋ᠴᠠ ᠳᠡᠭᠡᠷ᠎ᠡ ᠦᠭᠡᠢ ᠦᠦ ? ᠡᠷᠭᠢᠨ ᠠᠬ᠎ᠠ ᠶ᠋ᠢᠨ ᠡᠨᠡ ᠦᠭᠡ – ᠡᠵᠡᠨ ᠢ᠋ ᠳᠡᠭᠡᠳᠦᠰ ᠲᠣᠷ ᠠᠨᠤ ᠵᠠᠯᠢᠬᠠᠢ ᠪᠣᠯᠭᠠᠨ᠂ ᠳᠣᠣᠷᠠᠳᠤᠰ ᠬᠡᠦᠬᠡᠳ ᠠᠴᠢᠷ ᠪᠠ ᠤᠯᠤᠰ ᠢᠷᠭᠡᠨ ᠳ᠋ᠦ᠍ᠷ ᠢᠴᠢᠭᠦᠷᠢ ᠪᠣᠯᠭᠠᠬᠤ ᠪᠣᠯᠠᠢ᠃ ᠡᠷᠭᠢᠨ ᠠᠬ᠎ᠠ ᠮᠣᠩᠭᠣᠯ ᠤ᠋ᠨ ᠳᠡᠯᠡᠬᠡᠢ ᠳ᠋ᠠᠬᠢᠨ ᠢ᠋ ᠯᠠᠪ ᠡᠵᠡᠯᠡᠬᠦ ᠶ᠋ᠢ ᠮᠡᠳᠡᠭᠰᠡᠨ ᠶᠠᠮᠪᠠᠷ ᠢᠲᠡᠭᠡᠮᠵᠢ ᠪᠣᠢ ? ᠣᠳᠣᠨ ᠭᠠᠷᠠᠭ ᠬᠡᠮᠡᠭᠴᠢ ᠴᠥᠮ ᠲᠣᠭᠲᠠᠭᠰᠠᠨ ᠡᠭᠦᠷᠢᠳᠡ ᠪᠠᠢᠬᠤ ᠬᠡᠷᠡᠭ᠂ ᠨᠡᠩ ᠪᠠᠰᠠ ᠪᠠᠬᠠᠨ ᠮᠠᠲᠠᠯ ᠪᠠᠢᠬᠤ ᠠᠷᠠᠳ ᠣᠨᠴᠠ ᠲᠩᠷᠢ ᠶ᠋ᠢᠨ ᠴᠠᠭ ᠢ᠋ ᠬᠡᠯᠡᠯᠴᠡᠮᠦᠢ ᠬᠡᠮᠡᠮᠦᠢ᠃ ᠲᠡᠳᠡᠭᠡᠷ ᠴᠥᠮ ᠪᠡᠶ᠎ᠡ ᠪᠡᠨ ᠡᠷᠭᠦᠵᠦ ᠪᠤᠰᠤᠳ ᠢ᠋ ᠳᠠᠷᠤᠯᠠᠨ ᠬᠠᠭᠤᠷᠴᠤ ᠮᠡᠬᠡᠯᠡᠬᠦ ᠬᠡᠷᠡᠭ ᠪᠣᠯᠠᠢ ! 》ᠬᠡᠮᠡᠭᠰᠡᠨ ᠳ᠋ᠦ᠍ᠷ ᠯᠢᠦ ᠪᠦᠸᠧ ᠯᠢᠨ ᠮᠥᠨ ᠮᠥᠨ ᠭᠡᠮᠡᠨ ᠳᠠᠬᠢᠵᠤ ᠦᠭᠡ ᠥᠴᠢᠨ ᠲᠡᠮᠡᠴᠡᠭᠰᠡᠨ ᠦᠭᠡᠢ᠃ ᠡᠭᠦᠨ ᠳ᠋ᠦ᠍ ᠰᠢᠶᠠ ᠤᠯᠤᠰ ᠤ᠋ᠨ ᠡᠵᠡᠨ ᠯᠢ ᠠᠨ ᠴᠢᠤᠸᠠᠨ ᠪᠠᠢᠯᠳᠤᠬᠤ ᠰᠡᠳᠬᠢᠯ ᠲᠣᠭᠲᠠᠵᠤ᠂ ᠳᠠᠷᠤᠢ ᠳᠥᠷᠪᠡᠨ ᠲᠦᠰᠢᠮᠡᠯ ᠰᠣᠩᠭᠣᠵᠤ᠂ ᠳᠥᠷᠪᠡᠨ ᠤᠯᠤᠰ ᠠ᠋ᠴᠠ ᠴᠡᠷᠢᠭ ᠭᠤᠶᠤᠬᠤ ᠡᠯᠴᠢ ᠪᠣᠯᠭᠠᠨ ᠶᠠᠪᠤᠭᠤᠯᠵᠤ᠂ ᠭᠣᠣ ᠯᠢᠩ ᠬᠦᠩ ᠳ᠋ᠦ᠍ᠷ ᠠᠷᠪᠠᠨ ᠲᠦᠮᠡᠨ ᠴᠡᠷᠢᠭ ᠥᠭᠴᠦ ᠣᠯᠣᠭᠠᠢ ᠬᠣᠲᠠ ᠶ᠋ᠢᠨ ᠬᠠᠪᠴᠢᠯ ᠳ᠋ᠤᠷ ᠪᠠᠢᠯᠳᠤᠷ᠎ᠠ ᠡᠴᠢᠮᠦᠢ ᠭᠡᠮᠡᠨ ᠵᠠᠷᠯᠢᠭ ᠪᠠᠭᠤᠯᠭᠠᠪᠠ᠃
ᠲᠡᠳᠦᠢ ᠯᠢᠦ ᠪᠦᠸᠧ ᠯᠢᠨ ᠵᠢᠬᠡᠭᠦᠨ ᠢ᠋ᠶ᠋ᠡᠷ ᠢᠨᠢᠶᠡᠨ ᠭᠠᠷᠴᠤ ᠢᠷᠡᠭᠡᠳ ᠳᠠᠷᠠᠭ᠎ᠠ ᠪᠠᠷ ᠳᠥᠷᠪᠡ ᠲᠠᠪᠤᠨ ᠤᠳᠠᠭ᠎ᠠ ᠬᠦᠭᠰᠦᠷᠡᠪᠡ ᠭᠡᠮᠡᠨ ᠭᠤᠶᠤᠨ ᠠᠢᠯᠠᠳᠬᠠᠵᠤ ᠲᠦᠰᠢᠮᠡᠯ ᠢ᠋ᠶ᠋ᠡᠨ ᠭᠣᠮᠣᠳᠠᠭᠠᠳ ᠭᠡᠷ ᠡᠷᠦᠬᠡ ᠪᠡᠨ ᠠᠪᠴᠤ ᠭᠦᠨ᠎ᠡ ᠠᠭᠤᠯᠠᠨ᠎ᠠ ᠣᠷᠣᠪᠠ᠃
ᠲᠡᠨᠳᠡᠴᠡ ᠭᠣᠣ ᠯᠢᠩ ᠬᠦᠩ᠂ ᠱᠢᠪᠢᠱᠢ ᠶ᠋ᠢ ᠠᠪᠴᠤ ᠠᠷᠪᠠᠨ ᠲᠦᠮᠡᠨ ᠴᠡᠷᠢᠭ ᠢ᠋ᠶ᠋ᠡᠷ ᠣᠯᠣᠭᠠᠢ ᠬᠣᠲᠠ ᠳ᠋ᠤᠷ ᠬᠦᠷᠴᠦ ᠢᠷᠡᠭᠡᠳ ᠲᠤᠷᠰᠢᠭᠤᠯ ᠠ᠋ᠴᠠ ᠮᠣᠩᠭᠣᠯ ᠤ᠋ᠨ ᠴᠡᠷᠢᠭ ᠦ᠋ᠨ ᠬᠠᠮᠢᠭ᠎ᠠ ᠪᠠᠢᠬᠤ ᠶ᠋ᠢ ᠠᠰᠠᠭᠤᠲᠠᠯ᠎ᠠ ᠲᠤᠷᠰᠢᠭᠤᠯ ᠢᠷᠡᠵᠦ ᠮᠡᠳᠡᠭᠦᠯᠦᠷᠦᠨ : 《ᠮᠣᠩᠭᠣᠯ ᠴᠡᠷᠢᠭ ᠦ᠋ᠨ ᠡᠮᠦᠨ᠎ᠡ ᠬᠣᠰᠢᠭᠤᠴᠢ ᠠᠨᠤ᠂ ᠪᠤᠭᠤᠷᠵᠢ᠂ ᠴᠢᠯᠠᠭᠤ᠂ ᠰᠥᠪᠡᠭᠡᠲᠡᠢ᠂ ᠭᠢᠯᠥᠭᠡᠨ ᠬᠡᠮᠡᠬᠦ ᠳᠥᠷᠪᠡᠨ ᠶᠡᠬᠡ ᠵᠠᠩᠵᠤᠨ᠂ ᠨᠠᠢ᠍ᠮᠠᠨ ᠪᠠᠭ᠎ᠠ ᠵᠠᠩᠵᠤᠨ᠂ ᠭᠤᠷᠪᠠᠨ ᠲᠦᠮᠡᠨ ᠴᠡᠷᠢᠭ ᠠᠪᠴᠤ ᠢᠷᠡᠪᠡ᠃ 》ᠬᠡᠮᠡᠬᠦᠢ ᠳ᠋ᠦ᠍ᠷ ᠭᠣᠣ ᠯᠢᠩ ᠬᠦᠩ ᠠᠷᠪᠠᠨ ᠲᠦᠮᠡᠨ ᠴᠡᠷᠢᠭ ᠲᠡᠭᠡᠨ ᠡᠷᠳᠦᠵᠦ ᠳᠠᠷᠤᠢ ᠬᠡᠩᠭᠡᠷᠭᠡ ᠴᠣᠬᠢᠨ ᠤᠭᠲᠤᠨ ᠡᠴᠢᠭᠰᠡᠨ ᠳ᠋ᠦ᠍ᠷ ᠣᠯᠣᠭᠠᠢ ᠶ᠋ᠢᠨ ᠲᠠᠯ᠎ᠠ ᠳ᠋ᠤᠷ ᠪᠠᠭᠤᠳᠠᠯᠯᠠᠭᠰᠠᠨ ᠮᠣᠩᠭᠣᠯ ᠤ᠋ᠨ ᠴᠡᠷᠢᠭ ᠦ᠋ᠨ ᠬᠦᠷᠢᠶᠡᠨ ᠦ᠌ ᠣᠢᠷ᠎ᠠ ᠬᠦᠷᠴᠦ ᠰᠠᠶᠢ ᠬᠦᠷᠢᠶ᠎ᠡ ᠪᠠᠭᠤᠰᠤᠭᠠᠢ ᠭᠡᠮᠡᠨ ᠵᠣᠭᠰᠣᠵᠤ ᠭᠠᠵᠠᠷ ᠢ᠋ ᠬᠡᠮᠵᠢᠨ ᠬᠦᠷᠢᠶ᠎ᠡ ᠪᠠᠭᠤᠭᠠᠳ ᠬᠠᠭᠠᠰ ᠪᠠᠭᠤᠳᠠᠯᠯᠠᠲᠠᠯᠠ ᠮᠣᠩᠭᠣᠯ ᠤ᠋ᠨ ᠴᠡᠷᠢᠭ ᠭᠡᠨᠡᠳᠲᠡ ᠬᠡᠩᠭᠡᠷᠭᠡ ᠳᠡᠯᠡᠳᠦᠨ ᠫᠤᠤ ᠲᠠᠯᠪᠢᠨ ᠴᠡᠷᠢᠭ ᠨᠢᠭᠡᠨᠲᠡ ᠪᠤᠳᠠᠷᠠᠯᠳᠤᠨ ᠭᠠᠷᠤᠭᠠᠳ᠂ ᠬᠣᠶᠠᠷ ᠠᠩᠭᠢ ᠰᠠᠯᠵᠤ᠂ ᠳᠥᠷᠪᠡᠨ ᠵᠦᠭ ᠡᠴᠡ ᠰᠢᠪᠲᠤᠯᠤᠨ ᠠᠯᠠᠷ᠎ᠠ ᠢᠷᠡᠭᠰᠡᠨ ᠳ᠋ᠦ᠍ᠷ ᠭᠣᠣ ᠯᠢᠩ ᠬᠦᠩ ᠦ᠋ᠨ ᠴᠡᠷᠢᠭ ᠬᠡᠳᠦᠢ ᠣᠯᠠᠨ ᠪᠣᠯᠪᠠᠴᠤ ᠣᠯᠠᠨ ᠠᠩᠭᠢ ᠰᠠᠯᠭᠠᠨ ᠵᠠᠪᠳᠤᠰᠢ ᠦᠭᠡᠢ ᠪᠣᠯᠵᠤ᠂ ᠶᠠᠭᠠᠷᠠᠨ ᠨᠢᠭᠡᠨ ᠭᠠᠵᠠᠷ ᠪᠥᠭᠡᠮᠨᠡᠷᠡᠨ ᠵᠣᠭᠰᠣᠵᠤ ᠭᠠᠳᠠᠭᠰᠢ ᠲᠣᠰᠰᠤᠭᠠᠢ ᠬᠡᠮᠡᠲᠡᠯ᠎ᠡ ᠨᠢᠭᠡᠨ ᠵᠤᠷᠪᠤᠰ ᠤᠯᠠᠭᠠᠨ ᠲᠣᠭᠣᠰᠣ ᠲᠠᠲᠠᠵᠤ᠂ ᠮᠣᠩᠭᠣᠯ ᠤ᠋ᠨ ᠳᠥᠷᠪᠡᠨ ᠶᠡᠬᠡ ᠵᠠᠩᠵᠤᠨ ᠴᠡᠷᠢᠭ ᠦ᠋ᠨ ᠡᠮᠦᠨ᠎ᠡ ᠬᠦᠷᠴᠦ ᠢᠷᠡᠭᠡᠳ ᠬᠠᠭᠠᠯᠭ᠎ᠠ ᠶ᠋ᠢ ᠴᠠᠪᠴᠢᠨ ᠣᠷᠣᠭᠰᠠᠨ᠎ᠠ᠂ ᠠᠷᠪᠠᠨ ᠬᠣᠶᠠᠷ ᠠᠩᠭᠢ ᠴᠡᠷᠢᠭ ᠬᠠᠮᠲᠤ ᠪᠠᠷ ᠴᠠᠪᠴᠢᠯᠠᠨ ᠣᠷᠣᠭᠰᠠᠨ ᠳ᠋ᠤᠷ ᠭᠣᠣ ᠯᠢᠩ ᠬᠦᠩ ᠶᠡᠬᠡᠯ᠎ᠡ ᠠᠶᠤᠵᠤ ᠰᠠᠶᠢ ᠳᠤᠲᠠᠭᠠᠰᠤᠭᠠᠢ ᠬᠡᠮᠡᠲᠡᠯ᠎ᠡ ᠭᠡᠨᠡᠳᠲᠡ ᠮᠣᠩᠭᠣᠯ ᠤ᠋ᠨ ᠳᠥᠷᠪᠡᠨ ᠵᠠᠩᠵᠤᠨ ᠵᠢᠭᠰᠠᠭᠠᠯ ᠢ᠋ ᠰᠢᠪᠲᠤᠯᠤᠨ ᠭᠠᠯᠵᠠᠭᠤ ᠪᠠᠷᠰ ᠮᠡᠲᠦ ᠣᠷᠣᠵᠤ ᠢᠷᠡᠭᠰᠡᠨ ᠳ᠋ᠦ᠍ᠷ ᠰᠢᠶᠠ ᠤᠯᠤᠰ ᠤ᠋ᠨ ᠣᠯᠠᠨ ᠴᠡᠷᠢᠭ ᠰᠥᠰᠥ ᠬᠡᠮᠬᠡᠷᠡᠵᠦ ᠰᠠᠮᠠᠭᠤᠷᠠᠨ ᠪᠤᠷᠤᠭᠤᠯᠠᠬᠤᠶ᠎ᠠ᠂ ᠭᠣᠣ ᠯᠢᠩ ᠬᠦᠩ᠂ ᠱ᠌ᠢᠪᠢᠱ᠌ᠢ ᠬᠣᠶᠠᠭᠤᠯᠠ ᠠᠷᠤ ᠪᠠᠨ ᠨᠡᠢᠯᠡᠭᠦᠯᠦᠨ ᠳᠥᠷᠪᠡᠨ ᠵᠠᠩᠵᠤᠨ ᠯᠤᠭ᠎ᠠ ᠪᠠᠢᠯᠳᠤᠬᠤᠢ ᠳ᠋ᠤᠷ ᠲᠡᠷᠢᠭᠦᠯᠡᠭᠰᠡᠨ ᠨᠢᠭᠡᠨ ᠥᠨᠳᠥᠷ ᠪᠡᠶ᠎ᠡ ᠲᠡᠢ ᠵᠠᠩᠵᠤᠨ ᠠᠨᠤ ᠤᠷᠲᠤ ᠵᠢᠳᠠ ᠶ᠋ᠢ ᠮᠤᠰᠬᠢᠨ ᠥᠨᠳᠥᠷ ᠳᠠᠭᠤᠨ ᠢ᠋ᠶ᠋ᠠᠷ ᠨᠢᠭᠡᠨᠲᠡ ᠵᠠᠩᠳᠠᠨ ᠬᠠᠳᠬᠤᠭᠰᠠᠨ ᠳ᠋ᠤᠷ ᠭᠣᠣ ᠯᠢᠩ ᠬᠦᠩ ᠦ᠋ᠨ ᠪᠠᠷᠠᠭᠤᠨ ᠰᠡᠭᠦᠵᠢ ᠶ᠋ᠢ ᠰᠢᠪᠲᠤ ᠵᠢᠳᠠᠯᠠᠨ ᠢᠯᠡᠭᠡᠭᠰᠡᠨ᠎ᠡ ᠶᠡᠬᠡᠯ᠎ᠡ ᠡᠪᠡᠷᠰᠢᠶᠡᠨ ᠬᠠᠭᠠᠰ ᠪᠠᠭᠤᠯᠭᠠᠭᠰᠠᠨ ᠬᠦᠷᠢᠶ᠎ᠡ ᠪᠡᠨ ᠣᠷᠬᠢᠵᠤ ᠱ᠌ᠢᠪᠢᠱ᠌ᠢ ᠯᠦ᠍ᠭᠡ ᠲᠡᠷᠢᠭᠦᠯᠡᠨ ᠪᠤᠷᠤᠭᠤᠯᠠᠬᠤᠢ ᠳ᠋ᠤᠷ ᠱ᠌ᠢᠪᠢᠱ᠌ᠢ ᠬᠠᠷᠠᠬᠠᠨ ᠭᠠᠭᠴᠠᠭᠠᠷ ᠬᠠᠯᠠᠭᠯᠠᠨ ᠪᠠᠢᠯᠳᠤᠵᠤ ᠪᠤᠷᠤᠭᠤᠯᠠᠨ ᠡᠴᠢᠬᠦᠶ᠎ᠡ᠂ ᠡᠨᠡ ᠳᠥᠷᠪᠡᠨ ᠵᠠᠩᠵᠤᠨ ᠲᠠᠯᠪᠢᠯ ᠦᠭᠡᠢ ᠨᠡᠬᠡᠪᠡ᠃ ᠡᠨᠡ ᠠᠯᠢ ᠳᠥᠷᠪᠡᠨ ᠵᠠᠩᠵᠤᠨ ᠬᠡᠮᠡᠪᠡᠰᠦ ᠲᠠᠢᠹᠦ᠋ ᠪᠤᠭᠤᠷᠵᠢ᠂ ᠲᠠᠢᠪᠤᠤ ᠴᠢᠯᠠᠭᠤ᠂ ᠰᠥᠪᠡᠭᠡᠲᠡᠢ᠂ ᠬᠤᠢᠯᠠᠳᠠᠷ ᠳᠥᠷᠪᠡᠨ ᠬᠥᠮᠦᠨ ᠠᠵᠤᠭᠤ᠃ ᠲᠡᠳᠦᠢ ᠣᠯᠠᠨ ᠵᠠᠯᠠᠭᠤ ᠵᠠᠩᠵᠤᠨ ᠨᠠᠷ ᠯᠤᠭ᠎ᠠ ᠭᠤᠷᠪᠠᠨ ᠲᠦᠮᠡᠨ ᠴᠡᠷᠢᠭ ᠢ᠋ ᠠᠪᠴᠤ ᠠᠷᠪᠠᠨ ᠲᠦᠮᠡᠨ ᠴᠡᠷᠢᠭ ᠢ᠋ ᠳᠠᠷᠤᠭᠰᠠᠭᠠᠷ ᠣᠯᠣᠭᠠᠢ ᠬᠣᠲᠠᠨ ᠳ᠋ᠤᠷ ᠣᠷᠣᠲᠠᠯ᠎ᠠ ᠬᠥᠭᠡᠭᠡᠵᠦ ᠠᠯᠠᠪᠠ᠃ ᠦᠬᠦᠭᠰᠡᠨ ᠶᠠᠰᠤ ᠲᠠᠯ᠎ᠠ ᠲᠦᠭᠦᠷᠡᠨ᠂ ᠤᠯᠠᠭᠠᠨ ᠴᠢᠰᠤ ᠭᠣᠣᠯ ᠳ᠋ᠤᠷ ᠤᠷᠤᠰᠴᠤ ᠭᠤᠷᠪᠠᠨ ᠮᠢᠩᠭᠠᠨ ᠢᠯᠡᠭᠦᠦ ᠴᠡᠷᠢᠭ ᠦᠬᠦᠵᠦ᠂ ᠲᠤᠭ ᠳᠠᠯᠪᠠᠭ᠎ᠠ ᠬᠤᠶᠠᠭ ᠳᠤᠭᠤᠯᠠᠭ᠎ᠠ ᠵᠠᠷ ᠵᠡᠪᠰᠡᠭ ᠬᠢᠭᠡᠳ ᠠᠷᠪᠠᠨ ᠲᠦᠮᠡᠨ ᠴᠡᠷᠢᠭ ᠦ᠋ᠨ ᠶᠡᠬᠡ ᠬᠠᠭᠠᠰ ᠢ᠋ ᠣᠯᠵᠤᠬᠤᠢ᠃ ᠲᠡᠳᠦᠢ ᠬᠣᠲᠠᠨ ᠢ᠋ ᠬᠠᠭᠠᠵᠤ ᠬᠠᠷᠠᠬᠠᠨ ᠪᠠᠢᠯᠳᠤᠬᠤᠢ ᠳ᠋ᠤᠷ ᠬᠠᠭᠠᠨ ᠤ᠋ ᠭᠡᠭᠡᠨ ᠶᠡᠬᠡ ᠴᠡᠷᠢᠭ ᠲᠡᠢ ᠪᠠᠰᠠ ᠬᠦᠷᠴᠦ ᠢᠷᠡᠪᠡ᠃ ᠮᠤᠬᠤᠯᠢ ᠳᠡᠢᠯᠦᠭᠰᠡᠨ ᠬᠦᠴᠦᠨ ᠳ᠋ᠦ᠍ᠷ ᠬᠡᠩᠭᠡᠷᠭᠡ ᠳᠡᠯᠡᠳᠦᠨ ᠬᠣᠲᠠᠨ ᠢ᠋ ᠪᠠᠢᠯᠳᠤᠰᠤᠭᠠᠢ ᠬᠡᠮᠡᠬᠦᠢ ᠳ᠋ᠦ᠍ᠷ ᠴᠢᠩᠭᠢᠰ ᠬᠠᠭᠠᠨ ᠵᠠᠷᠯᠢᠭ ᠪᠣᠯᠤᠷᠤᠨ : 《 ᠳ᠋ᠤᠷ ᠪᠠᠢᠵᠠ᠂ ᠡᠨᠡ ᠬᠣᠲᠠ ᠬᠣᠢᠲᠤ ᠪᠡᠶ᠎ᠡ ᠠᠭᠤᠯᠠᠨ ᠳ᠋ᠤᠷ ᠳᠥᠰᠢᠨ ᠰᠠᠭᠤᠭᠰᠠᠨ ᠲᠤᠯᠠ ᠪᠢᠳᠡ ᠤᠷᠢᠳᠠ ᠠᠭᠤᠯᠠᠨ ᠳ᠋ᠤᠷ ᠠᠪᠠᠷᠢᠵᠤ ᠬᠣᠲᠠ ᠶ᠋ᠢᠨ ᠳᠣᠲᠣᠷᠠᠬᠢ ᠴᠡᠷᠢᠭ ᠢᠷᠭᠡᠨ ᠦ᠌ ᠪᠠᠢᠳᠠᠯ ᠢ᠋ ᠦᠵᠡᠰᠦᠭᠡᠢ ! 》ᠭᠡᠮᠡᠨ ᠬᠠᠮᠲᠤ ᠮᠣᠷᠢ ᠤᠨᠤᠵᠤ᠂ ᠠᠭᠤᠯᠠᠨ ᠤ᠋ ᠣᠷᠣᠢ ᠳ᠋ᠤᠷ ᠭᠠᠷᠪᠠᠰᠤ ᠣᠯᠣᠭᠠᠢ ᠬᠣᠲᠠᠨ ᠤ᠋ ᠳᠣᠲᠣᠷ᠎ᠠ ᠬᠠᠭᠠᠨ ᠪᠢᠰᠬᠢᠭᠦᠷᠳᠡᠨ ᠵᠢᠷᠭᠠᠯᠳᠤᠬᠤᠢ ᠳ᠋ᠤᠷ ᠮᠤᠬᠤᠯᠢ ᠢᠨᠢᠶᠡᠨ ᠥᠭᠦᠯᠡᠷᠦᠨ :《ᠡᠵᠡᠨ ᠡᠨᠡ ᠶᠠᠭᠤᠮ᠎ᠠ ᠶ᠋ᠢᠨ ᠠᠷᠭ᠎ᠠ ᠶ᠋ᠢ ᠦᠵᠡᠪᠡ ᠦᠦ ? ᠠᠷᠭ᠎ᠠ ᠪᠠᠨ ᠠᠯᠳᠠᠭᠠᠳ ᠣᠳᠣ ᠡᠷᠲᠡᠨ ᠦ᠌ ᠱᠤ᠌ ᠤᠯᠤᠰ ᠤ᠋ᠨ ᠵᠣ᠌ ᠭᠧ ᠶ᠋ᠢᠨ ᠬᠣᠭᠣᠰᠣᠨ ᠬᠣᠲᠠ ᠶ᠋ᠢᠨ ᠠᠷᠭ᠎ᠠ ᠶ᠋ᠢ ᠬᠡᠷᠡᠭᠯᠡᠵᠦ᠂ ᠮᠠᠨ ᠤ᠋ ᠴᠡᠷᠢᠭ ᠢ᠋ ᠠᠶᠤᠯᠭᠠᠬᠤ ᠪᠣᠯᠠᠢ᠃ ᠡᠨᠡ ᠴᠥᠮ < ᠵᠠᠭᠤᠨ ᠬᠥᠯᠲᠦ ᠬᠣᠣᠷᠠᠲᠤ ᠬᠣᠷᠣᠬᠠᠢ ᠥᠪᠡᠷ ᠦ᠋ᠨ ᠰᠡᠭᠦᠯ ᠢ᠋ ᠯᠤᠤ ᠳ᠋ᠤᠷ ᠠᠳᠠᠯᠢᠳᠬᠠᠮᠤᠢ > ᠬᠡᠮᠡᠭᠰᠡᠨᠴᠢᠯᠡᠨ᠂ ᠡᠨᠡ ᠥᠴᠦᠬᠡᠨ ᠪᠣᠭᠣᠯ ᠶᠠᠭᠠᠬᠢᠨ ᠡᠨᠡ ᠮᠡᠲᠦ ᠠᠭᠠᠰᠢᠯᠠᠵᠤ ᠪᠣᠯᠬᠤ ? 》ᠬᠠᠭᠠᠨ ᠠᠰᠠᠭᠤᠷᠤᠨ: 《ᠴᠢᠨᠦ ᠰᠠᠨᠠᠭᠠᠨ ᠡᠨᠡ ᠬᠣᠲᠠ ᠶ᠋ᠢ ᠬᠡᠷᠬᠢᠨ ᠪᠠᠢᠯᠳᠤᠰᠤᠭᠠᠢ ᠬᠡᠮᠡᠮᠦᠢ ? 》ᠮᠤᠬᠤᠯᠢ ᠠᠢᠯᠠᠳᠬᠠᠷᠤᠨ : 《ᠡᠨᠡ ᠬᠣᠲᠠ ᠶ᠋ᠢᠨ ᠠᠮᠢᠰᠬᠤᠯ ᠯᠠᠪ ᠬᠦᠴᠦᠨ ᠳ᠋ᠦ᠍ᠷ ᠳᠠᠷᠤᠭᠳᠠᠮᠤᠢ ! 》 ᠭᠡᠮᠡᠨ ᠳᠠᠷᠤᠢ ᠡᠭᠦᠯᠡᠨ ᠱᠠᠲᠤ ᠭᠤᠴᠢᠨ ᠳᠥᠷᠪᠡ ᠬᠢᠵᠦ᠂ ᠬᠣᠲᠠ ᠶ᠋ᠢ ᠴᠢᠭᠯᠡᠨ ᠳᠠᠪᠠᠬᠤ ᠶᠡᠬᠡ ᠵᠢᠷᠦᠬᠡᠲᠦ ᠨᠠᠶᠠᠨ ᠨᠠᠢ᠍ᠮᠠᠨ ᠴᠡᠷᠢᠭ ᠢ᠋ ᠰᠠᠯᠭᠠᠨ ᠭᠠᠷᠭᠠᠵᠤ᠂ ᠬᠣᠲᠠ ᠠᠪᠲᠠᠭᠰᠠᠨ ᠬᠣᠢᠨ᠎ᠠ ᠬᠥᠮᠦᠨ ᠪᠦᠷᠢ ᠳ᠋ᠦ᠍ᠷ ᠮᠢᠩᠭᠠᠨ ᠬᠡᠯᠬᠢᠶ᠎ᠡ ᠵᠣᠭᠣᠰ ᠱᠠᠩ ᠲᠠᠯᠪᠢᠬᠤ ᠪᠠᠷ ᠲᠣᠭᠲᠠᠵᠤ᠂ ᠣᠯᠠᠨ ᠴᠡᠷᠢᠭ ᠢ᠋ᠶ᠋ᠡᠷ ᠭᠠᠭᠴᠠ ᠡᠮᠦᠨ᠎ᠡ ᠬᠠᠭᠠᠯᠭ᠎ᠠ ᠶ᠋ᠢ ᠬᠦᠴᠦᠯᠡᠨ ᠪᠠᠢᠯᠳᠤᠭᠤᠯᠵᠤ᠂ ᠬᠣᠲᠠ ᠶ᠋ᠢᠨ ᠭᠤᠷᠪᠠᠨ ᠡᠲᠡᠭᠡᠳ ᠦ᠋ᠨ ᠴᠡᠷᠢᠭ ᠴᠥᠮ ᠰᠡᠮᠡᠬᠡᠷ ᠡᠮᠦᠨ᠎ᠡ ᠡᠲᠡᠭᠡᠳ ᠲᠣᠷ ᠢᠷᠡᠭᠰᠡᠨ ᠳ᠋ᠦ᠍ᠷ ᠨᠠᠷᠠ ᠤᠨᠠᠭᠰᠠᠨ ᠤ᠋ ᠬᠣᠢᠨ᠎ᠠ ᠡᠨᠡ ᠪᠠᠢᠯᠳᠤᠬᠤ ᠠᠨᠤ ᠮᠠᠰᠢ ᠴᠢᠩᠭ᠎ᠠ ᠳ᠋ᠤᠷ ᠣᠯᠠᠨ ᠴᠡᠷᠢᠭ ᠨᠡᠩ ᠠᠶᠤᠯᠳᠤᠨ ᠬᠣᠢᠨ᠎ᠠ ᠪᠠᠢᠬᠤ ᠭᠤᠷᠪᠠᠨ ᠡᠲᠡᠭᠡᠳ ᠦ᠋ᠨ ᠴᠡᠷᠢᠭ ᠢ᠋ ᠨᠡᠩ ᠱᠠᠭᠠᠷᠳᠠᠨ ᠡᠮᠦᠨ᠎ᠡ ᠬᠠᠯᠠᠭᠯᠠᠬᠤᠢ ᠳ᠋ᠤᠷ ᠮᠤᠬᠤᠯᠢ ᠭᠡᠨᠡᠳᠲᠡ ᠲᠡᠮᠳᠡᠭ ᠭᠠᠯ ᠢ᠋ ᠰᠢᠲᠠᠭᠠᠵᠤ ᠶᠡᠬᠡ ᠫᠤᠤ ᠶ᠋ᠢ ᠲᠠᠯᠪᠢᠭᠤᠯᠤᠮᠠᠭᠴᠠ ᠬᠣᠲᠠ ᠶ᠋ᠢᠨ ᠵᠡᠭᠦᠨ ᠪᠠᠷᠠᠭᠤᠨ ᠬᠣᠢᠲᠤ ᠡᠲᠡᠭᠡᠳ ᠣᠯᠠᠨ ᠴᠡᠷᠢᠭ ᠬᠦᠷᠳᠦᠲᠦ ᠡᠭᠦᠯᠡᠨ ᠱᠠᠲᠤ ᠶ᠋ᠢ ᠯᠦᠸᠧ ᠽᠢ ᠴᠧᠩ ᠡᠴᠡ ᠬᠢᠯᠭᠡᠵᠦ ᠠᠴᠢᠷᠠᠨ ᠬᠠᠮᠲᠤ ᠪᠠᠷ ᠲᠤᠷᠰᠢᠵᠤ ᠨᠢᠭᠡᠨ ᠡᠲᠡᠭᠡᠳ ᠠᠷᠪᠠᠨ ᠬᠣᠶᠠᠷ ᠱᠠᠲᠤ ᠪᠣᠰᠤᠭᠰᠠᠨ ᠳ᠋ᠤᠷ ᠲᠡᠷᠢᠭᠦᠯᠡᠭᠰᠡᠨ ᠴᠡᠷᠢᠭ ᠦ᠋ᠨ ᠬᠥᠮᠦᠨ ᠴᠥᠮ ᠳᠠᠪᠠᠨ ᠭᠠᠷᠴᠤ ᠰᠦᠷ ᠦᠵᠡᠭᠦᠯᠬᠦ ᠬᠡᠳᠦᠨ ᠴᠡᠷᠢᠭ ᠢ᠋ ᠴᠠᠪᠴᠢᠨ ᠱᠠᠲᠤ ᠥᠭᠡᠳᠡ ᠴᠡᠷᠢᠭ ᠭᠠᠷᠬᠤ ᠠᠨᠤ ᠣᠯᠠᠨ ᠰᠢᠷᠭᠤᠯᠵᠢ ᠮᠣᠳᠣᠨ ᠳ᠋ᠤᠷ ᠠᠪᠠᠷᠢᠬᠤ ᠮᠡᠲᠦ᠃ ᠡᠭᠦᠨ ᠳ᠋ᠦ᠍ᠷ ᠣᠯᠠᠨ ᠴᠡᠷᠢᠭ ᠲᠡᠷᠡ ᠳᠤᠲᠠᠭᠤ ᠲᠤᠯᠭᠠᠭᠤᠷᠢ ᠶ᠋ᠢ ᠲᠤᠯᠵᠤ᠂ ᠭᠤᠴᠢᠨ ᠵᠢᠷᠭᠤᠭᠠᠨ ᠱᠠᠲᠤ ᠪᠠᠷ ᠬᠠᠮᠲᠤ ᠪᠠᠷ ᠭᠠᠷᠬᠤᠢ ᠳ᠋ᠤᠷ ᠤᠳᠠᠭᠰᠠᠨ ᠦᠭᠡᠢ ᠬᠡᠳᠦᠨ ᠮᠢᠩᠭᠠᠨ ᠴᠡᠷᠢᠭ ᠬᠣᠲᠠ ᠳᠣᠲᠣᠷ᠎ᠠ ᠣᠷᠣᠵᠤ ᠰᠢᠭᠤᠳ ᠡᠮᠦᠨ᠎ᠡ ᠬᠠᠭᠠᠯᠭ᠎ᠠ ᠶ᠋ᠢᠨ ᠠᠰᠠᠷ ᠲᠤᠷ ᠮᠣᠳᠣ ᠴᠢᠯᠠᠭᠤ ᠴᠣᠬᠢᠬᠤ ᠴᠡᠷᠢᠭ ᠦ᠋ᠨ ᠠᠷᠤ ᠠ᠋ᠴᠠ ᠪᠠᠢᠯᠳᠤᠨ ᠣᠷᠣᠭᠰᠠᠨ ᠳ᠋ᠤᠷ ᠣᠯᠣᠭᠠᠢ ᠬᠣᠲᠠ ᠶ᠋ᠢᠨ ᠴᠡᠷᠢᠭ᠂ ᠮᠣᠩᠭᠣᠯ ᠤ᠋ᠨ ᠴᠡᠷᠢᠭ ᠨᠢᠭᠡᠨᠲᠡ ᠬᠣᠲᠠᠨ ᠳ᠋ᠤᠷ ᠣᠷᠣᠵᠤ ᠢᠷᠡᠭᠰᠡᠨ ᠢ᠋ ᠦᠵᠡᠭᠡᠳ ᠰᠥᠰᠥ ᠬᠡᠮᠬᠡᠷᠡᠨ ᠳᠥᠷᠪᠡᠨ ᠵᠦᠭ ᠲᠦ᠍ᠷ ᠰᠠᠷᠨᠢᠨ ᠲᠠᠷᠬᠠᠯᠴᠠᠪᠠ᠃ ᠡᠨᠡ ᠦᠶ᠎ᠡ ᠳ᠋ᠦ᠍ᠷ ᠨᠡᠩᠳᠡ ᠬᠠᠷᠠᠩᠭᠤᠢ ᠪᠣᠯᠤᠭᠰᠠᠨ ᠲᠤᠯᠠ ᠬᠣᠲᠠ ᠳ᠋ᠤᠷ ᠣᠷᠣᠵᠤ ᠢᠷᠡᠭᠰᠡᠨ ᠬᠡᠳᠦᠨ ᠮᠢᠩᠭᠠᠨ ᠴᠡᠷᠢᠭ ᠶᠠᠭᠠᠷᠠᠨ ᠬᠠᠭᠠᠯᠭ᠎ᠠ ᠰᠠᠬᠢᠭᠰᠠᠨ ᠴᠡᠷᠢᠭ ᠢ᠋ ᠠᠯᠠᠵᠤ᠂ ᠡᠮᠦᠨ᠎ᠡ ᠬᠠᠭᠠᠯᠭ᠎ᠠ ᠶ᠋ᠢ ᠨᠡᠭᠡᠭᠡᠵᠦ ᠶᠡᠬᠡ ᠴᠡᠷᠢᠭ ᠣᠷᠣᠪᠠ᠃ ᠡᠭᠦᠨ ᠳ᠋ᠦ᠍ᠷ ᠭᠣᠣ ᠯᠢᠩ ᠬᠦᠩ ᠶᠡᠬᠡᠯ᠎ᠡ ᠠᠶᠤᠵᠤ ᠰᠢᠪᠢᠱᠢ ᠯᠦ᠍ᠭᠡ ᠨᠢᠭᠡᠨ ᠠᠩᠭᠢ ᠴᠡᠷᠢᠭ ᠢ᠋ ᠠᠪᠴᠤ ᠬᠣᠢᠲᠤ ᠬᠠᠭᠠᠯᠭ᠎ᠠ ᠪᠠᠷ ᠭᠠᠷᠴᠤ ᠵᠦᠩ ᠰᠢᠩ ᠹᠦ ᠶ᠋ᠢᠨ ᠵᠦᠭ ᠳᠤᠲᠠᠭᠠᠨ ᠡᠴᠢᠪᠡ᠃
ᠲᠡᠳᠦᠢ ᠮᠥᠨ ᠨᠢᠭᠡᠨ ᠰᠥᠨᠢ ᠬᠠᠭᠠᠯᠭ᠎ᠠ ᠶ᠋ᠢ ᠰᠠᠬᠢᠭᠤᠯᠵᠤ᠂ ᠵᠢᠴᠢ ᠡᠳᠦᠷ ᠬᠣᠲᠠ ᠶ᠋ᠢᠨ ᠣᠯᠠᠨ ᠢ᠋ ᠲᠣᠭᠲᠠᠭᠠᠵᠤ᠂ ᠰᠠᠶᠢ ᠬᠠᠭᠠᠨ ᠤ᠋ ᠭᠡᠭᠡᠨ ᠢ᠋ ᠵᠠᠯᠠᠵᠤ ᠬᠣᠲᠠᠨ ᠳ᠋ᠤᠷ ᠣᠷᠣᠭᠤᠯᠤᠨ᠂ ᠶᠡᠬᠡ ᠶᠠᠮᠤᠨ ᠳ᠋ᠤᠷ ᠵᠠᠯᠠᠪᠠ᠃ ᠡᠨᠡ ᠬᠣᠲᠠ ᠳ᠋ᠤᠷ ᠱᠠᠨᠰᠢ ᠮᠣᠵᠢ ᠶ᠋ᠢᠨ ᠣᠯᠠᠨ ᠪᠠᠶᠠᠴᠤᠳ ᠤ᠋ᠨ ᠠᠷᠤ ᠭᠠᠵᠠᠷ ᠤ᠋ᠨ ᠵᠣᠭᠣᠰ ᠢ᠋ ᠬᠤᠷᠢᠶᠠᠬᠤ ᠶᠡᠬᠡ ᠠᠷᠠᠯᠵᠢᠶ᠎ᠠ ᠪᠠᠢᠬᠤ ᠲᠤᠯᠠ ᠦᠨᠡᠬᠡᠷ ᠪᠠᠶᠠᠨ ᠡᠯᠪᠡᠭ᠂ ᠢᠷᠭᠡᠨ ᠦ᠌ ᠭᠡᠷ ᠵᠢᠷᠭᠤᠭᠠᠨ ᠲᠦᠮᠡᠨ ᠢᠯᠡᠭᠦᠦ᠂ ᠰᠠᠩ ᠬᠥᠮᠥᠷᠭᠡ ᠳᠦᠭᠦᠷᠡᠩ ᠪᠢᠯᠬᠠᠮᠠᠯ᠃ ᠵᠢᠴᠢ ᠰᠠᠩ ᠬᠥᠮᠥᠷᠭᠡ ᠶ᠋ᠢ ᠪᠠᠢᠴᠠᠭᠠᠨ ᠠᠪᠴᠤ ᠰᠠᠩ ᠤ᠋ᠨ ᠠᠮᠤ ᠶ᠋ᠢ ᠭᠠᠷᠭᠠᠵᠤ ᠣᠯᠠᠨ ᠢᠷᠭᠡᠨ ᠳ᠋ᠦ᠍ᠷ ᠲᠦᠭᠡᠭᠡᠵᠦ ᠥᠭᠪᠡ ① ᠃
– – – –
① ᠠᠷᠤ ᠭᠠᠵᠠᠷ ᠠᠮᠤ ᠲᠠᠷᠢᠶᠠᠨ ᠢ᠋ ᠬᠠᠢᠷᠠᠯᠠᠬᠤ ᠶ᠋ᠢ ᠮᠡᠳᠡᠬᠦ ᠦᠭᠡᠢ ᠲᠤᠯᠠ ᠬᠠᠮᠢᠭ᠎ᠠ ᠬᠦᠷᠪᠡᠰᠦ ᠳᠠᠷᠤᠢ ᠰᠠᠩ ᠤ᠋ᠨ ᠠᠮᠤ ᠶ᠋ᠢ ᠠᠨᠤ ᠢᠷᠭᠡᠨ ᠳ᠋ᠦ᠍ᠷ ᠥᠭᠴᠦ ᠲᠡᠳᠡᠨ ᠦ᠌ ᠰᠡᠳᠬᠢᠯ ᠢ᠋ ᠢᠨᠦ ᠠᠪᠳᠠᠭ ᠠᠵᠤᠭᠤ ᠃ ᠬᠣᠢᠨ᠎ᠠ ᠡᠮᠦᠨ᠎ᠡ ᠤᠯᠤᠰ ᠤ᠋ᠨ ᠰᠤᠯᠠ ᠢᠷᠭᠡᠨ ᠮᠣᠩᠭᠣᠯ ᠤ᠋ᠨ ᠴᠡᠷᠢᠭ ᠢ᠋ ᠬᠦᠰᠡᠬᠦᠢ ᠳ᠋ᠦ᠍ᠷ ᠬᠦᠷᠦᠭᠰᠡᠨ ᠢᠨᠤ ᠡᠨᠡ ᠤᠴᠢᠷ ᠲᠤᠷ ᠪᠣᠯᠠᠢ ᠃
ᠲᠡᠨᠳᠡᠴᠡ ᠰᠢᠶᠠ ᠤᠯᠤᠰ ᠤ᠋ᠨ ᠭᠣᠣ ᠯᠢᠩ ᠬᠦᠩ᠂ ᠰᠢᠪᠢᠱᠢ ᠨᠠᠷ ᠳᠤᠲᠠᠭᠠᠵᠤ᠂ ᠵᠦᠩ ᠰᠢᠩ ᠹᠦ ᠳ᠋ᠦ᠍ᠷ ᠬᠦᠷᠴᠦ ᠭᠣᠣ ᠯᠢᠩ ᠬᠦᠩ ᠶᠠᠯ᠎ᠠ ᠬᠦᠯᠢᠶᠡᠨ ᠮᠥᠷᠭᠥᠬᠦᠢ ᠳ᠋ᠦ᠍ᠷ ᠰᠢᠶᠠ ᠤᠯᠤᠰ ᠤ᠋ᠨ ᠡᠵᠡᠨ ᠯᠢ ᠠᠨ ᠴᠢᠦᠸᠠᠨ ᠥᠭᠦᠯᠡᠷᠦᠨ :《ᠴᠡᠷᠢᠭ ᠦ᠋ᠨ ᠲᠠᠢᠯᠤᠨ ᠳᠡᠢᠯᠦᠭᠳᠡᠬᠦ ᠬᠡᠮᠡᠭᠴᠢ ᠡᠩ ᠦ᠋ᠨ ᠬᠡᠷᠡᠭ ᠂ ᠲᠦᠰᠢᠮᠡᠯ ᠴᠢ ᠳᠡᠢᠯᠦᠭᠳᠡᠰᠦᠭᠡᠢ ᠭᠡᠮᠡᠨ ᠰᠠᠨᠠᠬᠤ ᠪᠠᠷ ᠶᠠᠭᠤᠨ ᠪᠣᠢ ? ᠭᠠᠭᠴᠠ ᠲᠡᠭᠷᠢ ᠶ᠋ᠢᠨ ᠴᠠᠭ ᠢ᠋ ᠬᠡᠷᠬᠢᠬᠦ ? ᠡᠳᠦᠭᠡ ᠳᠥᠷᠪᠡᠨ ᠵᠦᠭ ᠦ᠋ᠨ ᠳᠥᠷᠪᠡᠨ ᠤᠯᠤᠰ ᠲᠤᠷ ᠡᠴᠢᠭᠡᠳ ᠨᠢᠭᠡᠬᠡᠨ ᠴᠡᠷᠢᠭ ᠬᠠᠭᠠᠰ ᠬᠤᠶᠠᠭ ᠴᠤ᠌ ᠣᠯᠤᠭᠰᠠᠨ ᠦᠭᠡᠢ᠃ ᠪᠠᠷᠠᠭᠤᠨ ᠡᠲᠡᠭᠡᠳ ᠦ᠋ᠨ ᠪᠠᠭ᠎ᠠ ᠤᠯᠤᠰ ᠤ᠋ᠨ ᠡᠵᠡᠳ ᠨᠠᠷ ᠮᠣᠩᠭᠣᠯ ᠠ᠋ᠴᠠ ᠠᠶᠤᠵᠤ ᠮᠠᠨ ᠳ᠋ᠤᠷ ᠴᠡᠷᠢᠭ ᠦᠯᠦ ᠲᠤᠰᠠᠯᠠᠬᠤ ᠠᠨᠤ ᠵᠥᠪ ᠬᠡᠮᠡᠬᠦᠢ ᠳ᠋ᠦ᠍ᠷ᠃ ᠭᠠᠭᠴᠠ ᠠᠯᠲᠠᠨ ᠤᠯᠤᠰ ᠬᠡᠮᠡᠭᠴᠢ ᠮᠠᠨ ᠤ᠋ ᠤᠯᠤᠰ ᠯᠤᠭ᠎ᠠ ᠤᠷᠤᠭᠤᠯ ᠰᠢᠳᠦ ᠮᠡᠲᠦ ᠵᠢᠷᠠᠨ ᠣᠨ ᠢᠯᠡᠭᠦᠦ ᠬᠠᠨᠢᠯᠠᠨ ᠶᠠᠪᠤᠪᠠ᠃ ᠡᠳᠦᠭᠡ ᠪᠢ ᠮᠣᠩᠭᠣᠯ ᠳ᠋ᠤᠷ ᠠᠪᠲᠠᠪᠠᠰᠤ᠂ ᠠᠯᠲᠠᠨ ᠤᠯᠤᠰ ᠪᠠᠰᠠ ᠠᠮᠤᠷ ᠢ᠋ᠶ᠋ᠠᠷ ᠥᠩᠭᠡᠷᠡᠵᠦ ᠴᠢᠳᠠᠬᠤ ᠦᠭᠡᠢ ᠪᠠᠢᠲᠠᠯ᠎ᠠ ᠮᠠᠨ ᠢ᠋ ᠡᠨᠡ ᠮᠡᠲᠦ ᠦᠲᠡᠭᠡᠷᠪᠡ᠃ ᠡᠭᠦᠨ ᠢ᠋ ᠣᠳᠣ ᠬᠡᠷᠬᠢᠬᠦ ? 》ᠭᠡᠮᠡᠨ ᠵᠥᠪᠳᠡᠬᠦᠢ ᠳ᠋ᠦ᠍ᠷ ᠸᠧᠢ ᠮᠢᠩ ᠯᠢᠩ ᠬᠦᠩ ᠪᠡᠶ᠎ᠡ ᠪᠡᠷ ᠡᠴᠢᠰᠦᠭᠡᠢ ᠬᠡᠮᠡᠬᠦᠢ ᠳ᠋ᠦ᠍ᠷ ᠯᠢ ᠠᠨ ᠴᠢᠦᠸᠠᠨ ᠠᠷᠭ᠎ᠠ ᠶ᠋ᠢ ᠲᠣᠭᠲᠠᠭᠠᠵᠤ ᠥᠭᠦᠯᠡᠷᠦᠨ: 《ᠪᠢ ᠨᠢᠭᠡᠨᠲᠡ ᠪᠣᠳᠣᠨ ᠲᠣᠭᠲᠠᠪᠠ᠃ ᠮᠠᠨ ᠤ᠋ ᠴᠡᠷᠢᠭ ᠰᠣᠴᠢᠮᠠᠭ ᠪᠣᠯᠤᠭᠰᠠᠨ ᠲᠤᠯᠠ ᠡᠳᠦᠭᠡ ᠬᠡᠳᠦᠢ ᠭᠤᠴᠢᠨ ᠲᠦᠮᠡᠨ ᠴᠡᠷᠢᠭ ᠪᠣᠯᠪᠠᠴᠤ ᠪᠠᠢᠯᠳᠤᠵᠤ ᠲᠡᠩᠴᠡᠬᠦ ᠦᠭᠡᠢ ᠢᠨᠦ ᠯᠠᠪ ᠪᠣᠯᠪᠠ᠃ ᠲᠡᠷᠡ ᠮᠡᠲᠦ ᠲᠠᠯᠠᠭᠠᠷ ᠬᠦᠴᠦᠨ ᠰᠦᠢᠳᠬᠡᠬᠦ ᠡᠴᠡ ᠰᠢᠭᠤᠳ ᠵᠥᠭᠡᠯᠡᠨ ᠠᠷᠭ᠎ᠠ ᠶ᠋ᠢ ᠬᠡᠷᠡᠭᠯᠡᠵᠦ᠂ ᠬᠡᠳᠦᠨ ᠵᠢᠯ ᠬᠦᠴᠦᠨ ᠢ᠋ᠶ᠋ᠡᠨ ᠲᠡᠵᠢᠭᠡᠵᠦ ᠴᠢᠯᠥᠭᠡ ᠭᠠᠷᠭᠠᠰᠤᠭᠠᠢ᠃ 》ᠭᠡᠮᠡᠨ ᠳᠠᠷᠤᠢ ᠯᠢᠦ ᠪᠦᠸᠧ ᠯᠢᠨ ᠢ᠋ ᠳᠠᠭᠤᠳᠠᠨ ᠠᠴᠢᠷᠠᠵᠤ ᠠᠷᠭᠠᠯᠠᠨ ᠮᠣᠩᠭᠣᠯ ᠳ᠋ᠤᠷ ᠳᠠᠭᠠᠬᠤ ᠪᠣᠳᠣᠷᠣᠣᠯ ᠪᠠᠷᠢᠭᠤᠯᠵᠤ ᠣᠯᠣᠭᠠᠢ ᠬᠣᠲᠠᠨ ᠳ᠋ᠤᠷ ᠢᠯᠡᠭᠡᠵᠦ᠂ ᠵᠢᠯ ᠪᠦᠷᠢ ᠲᠠᠪᠤᠨ ᠲᠦᠮᠡᠨ ᠵᠢᠩ ᠲᠡᠮᠦᠷ᠂ ᠲᠠᠪᠤᠨ ᠮᠢᠩᠭᠠᠨ ᠯᠠᠩ ᠮᠥᠩᠭᠥ᠂ ᠮᠢᠩᠭᠠᠨ ᠪᠠᠭᠴᠠ ᠲᠣᠷᠭ᠎ᠠ᠂ ᠲᠦᠮᠡᠨ ᠠᠯᠲᠠ ᠪᠥᠰ ᠲᠤᠰᠢᠶᠠᠨ ᠥᠭᠴᠦ ᠵᠢᠯ ᠪᠦᠷᠢ ᠡᠨᠡ ᠶᠣᠰᠣᠨ ᠢ᠋ᠶ᠋ᠠᠷ ᠪᠠᠷᠢᠬᠤ ᠠᠯᠪᠠ ᠪᠣᠯᠭᠠᠨ ᠢᠯᠡᠭᠡᠪᠡ᠃
ᠲᠡᠳᠦᠢ ᠯᠢᠦ ᠪᠦᠸᠧ ᠯᠢᠨ ᠠᠷᠭ᠎ᠠ ᠦᠭᠡᠢ ᠪᠣᠳᠣᠷᠣᠣᠯ ᠪᠢᠴᠢᠭ ᠢ᠋ ᠪᠠᠷᠢᠵᠤ ᠣᠯᠣᠭᠠᠢ ᠬᠣᠲᠠᠨ ᠳ᠋ᠤᠷ ᠡᠴᠢᠵᠦ ᠵᠢᠨᠦᠩ ᠮᠤᠬᠤᠯᠢ ᠳ᠋ᠤᠷ ᠵᠣᠯᠭᠠᠵᠤ᠂ ᠬᠠᠭᠠᠨ ᠳ᠋ᠤᠷ ᠪᠠᠷᠠᠭᠠᠳᠠᠨ ᠳᠠᠭᠠᠬᠤ ᠪᠣᠳᠣᠷᠣᠯ ᠪᠢᠴᠢᠭ ᠪᠠᠷᠢᠬᠤ ᠶ᠋ᠢ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠳᠣᠲᠣᠷ᠎ᠠ ᠣᠷᠣᠵᠤ ᠬᠠᠭᠠᠨ ᠳ᠋ᠤᠷ ᠡᠳᠡᠭᠡᠷ ᠰᠠᠨᠠᠭᠠᠨ ᠢ᠋ ᠭᠠᠷᠭᠠᠵᠤ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠵᠠᠷᠯᠢᠭ ᠪᠣᠯᠤᠷᠤᠨ : 《ᠲᠡᠷᠡ ᠶᠠᠭᠤᠨᠠᠢ ᠦᠨᠡᠨ ᠠᠵᠢ ? ᠯᠠᠪ ᠬᠡᠳᠦᠨ ᠣᠨ ᠢ᠋ ᠥᠩᠭᠡᠷᠡᠭᠡᠬᠦ ᠬᠡᠷᠡᠭ ᠪᠣᠯᠠᠢ᠂ ᠡᠨᠡ ᠵᠠᠪᠰᠠᠷ ᠥᠪᠡᠷ ᠦ᠋ᠨ ᠬᠦᠴᠦᠨ ᠢ᠋ᠶ᠋ᠡᠨ ᠲᠡᠵᠢᠭᠡᠵᠦ ᠪᠣᠯᠪᠠᠰᠤᠷᠠᠭᠤᠯᠬᠤ ᠬᠡᠷᠡᠭ ᠪᠤᠰᠤ ᠬᠡᠮᠡᠮᠦᠢ ᠦᠦ ? 》ᠵᠢᠨᠦᠩ ᠮᠤᠬᠤᠯᠢ ᠠᠢᠯᠠᠳᠬᠠᠷᠤᠨ : 《ᠬᠠᠭᠠᠨ ᠤ᠋ ᠠᠢᠯᠠᠳᠤᠭᠰᠠᠨ ᠡᠨᠡ ᠮᠥᠨ ᠲᠡᠢᠮᠦ᠂ ᠭᠠᠭᠴᠠ ᠡᠳᠦᠭᠡ ᠳ᠋ᠦ᠍ᠷ ᠲᠡᠳᠡᠨ ᠢ᠋ ᠲᠣᠷᠭᠠᠵᠤ ᠠᠪᠤᠭᠠᠳ ᠬᠣᠵᠢᠮ ᠤᠷᠪᠠᠪᠠᠰᠤ ᠬᠠᠲᠠᠭᠤ ᠪᠠᠷ ᠳᠠᠢᠯᠠᠬᠤᠢ ᠳ᠋ᠤᠷ ᠲᠡᠷᠡ ᠥᠴᠢᠬᠦ ᠭᠠᠵᠠᠷ ᠦᠭᠡᠢ ᠪᠣᠯᠤᠮᠤᠢ᠃ ᠲᠦᠷ ᠲᠡᠳᠡᠨ ᠦ᠌ ᠮᠡᠬᠡ ᠳ᠋ᠦ᠍ᠷ ᠮᠡᠬᠡ ᠬᠡᠷᠡᠭᠯᠡᠨ ᠳᠠᠷᠤᠢ ᠤᠷᠠᠬ᠎ᠠ ᠳ᠋ᠤᠷ ᠲᠣᠷᠭᠠᠭᠠᠨ ᠠᠪᠤᠭᠠᠳ ᠵᠢᠴᠢ ᠪᠣᠳᠣᠬᠤ ᠠᠨᠤ ᠶᠡᠬᠡ ᠠᠷᠭ᠎ᠠ ᠪᠣᠯᠬᠤ ᠪᠣᠯᠪᠠ ᠤᠤ ! 》ᠬᠡᠮᠡᠭᠰᠡᠨ ᠳ᠋ᠦ᠍ᠷ ᠴᠢᠩᠭᠢᠰ ᠬᠠᠭᠠᠨ ᠶᠡᠬᠡᠯ᠎ᠡ ᠮᠦᠰᠢᠶᠡᠵᠦ ᠵᠥᠪᠰᠢᠶᠡᠭᠡᠳ ᠳᠠᠷᠤᠢ ᠲᠣᠭᠲᠠᠭᠠᠪᠠ᠃ ᠲᠡᠳᠦᠢ ᠰᠢᠶᠠ ᠤᠯᠤᠰ ᠤ᠋ᠨ ᠡᠯᠴᠢ ᠯᠢᠦ ᠪᠦᠸᠧ ᠯᠢᠨ ᠢ᠋ ᠤᠳᠤᠷᠢᠳᠤᠨ ᠣᠷᠣᠭᠤᠯᠵᠤ᠂ ᠬᠠᠭᠠᠨ ᠤ᠋ ᠡᠮᠦᠨ᠎ᠡ ᠰᠥᠭᠥᠳᠬᠡᠭᠰᠡᠨ ᠳ᠋ᠦ᠍ᠷ ᠯᠢᠦ ᠪᠦᠸᠧ ᠯᠢᠨ ᠠᠶᠤᠨ ᠴᠡᠴᠡᠷᠡᠨ ᠬᠢᠴᠢᠶᠡᠨ ᠪᠣᠯᠭᠣᠮᠵᠢᠯᠠᠨ ᠪᠣᠳᠣᠷᠣᠣᠯ ᠪᠢᠴᠢᠭ ᠢ᠋ ᠡᠷᠭᠦᠨ ᠪᠠᠷᠢᠵᠤ ᠤᠯᠤᠰ ᠤ᠋ᠨ ᠵᠣᠪᠠᠯᠠᠩ ᠢ᠋ ᠲᠣᠭᠠᠴᠢᠵᠤ᠂ ᠨᠢᠭᠡᠨ ᠤᠯᠤᠰ ᠤ᠋ᠨ ᠠᠮᠢᠳᠤᠷᠠᠯ ᠢ᠋ ᠭᠣᠶᠣᠬᠤᠢ ᠳ᠋ᠤᠷ ᠬᠠᠭᠠᠨ ᠥᠷᠥᠰᠢᠶᠡᠯ ᠪᠠᠭᠤᠯᠭᠠᠨ ᠪᠣᠳᠣᠷᠣᠣᠯ ᠪᠢᠴᠢᠭ ᠢ᠋ ᠲᠣᠭᠲᠠᠭᠠᠨ ᠠᠪᠴᠤ ᠢᠷᠡᠭᠰᠡᠨ ᠡᠯᠴᠢ ᠯᠢᠦ ᠪᠦᠸᠧ ᠯᠢᠨ ᠢ᠋ ᠦᠵᠡᠵᠦ ᠥᠭᠦᠯᠡᠷᠦᠨ : 《 ᠪᠢ ᠴᠢᠮᠠᠢ ᠦᠵᠡᠪᠡᠰᠦ ᠰᠢᠳᠤᠷᠭᠤ ᠨᠣᠮᠣᠬᠠᠨ ᠵᠢᠷᠤᠮᠲᠤ ᠬᠥᠮᠦᠨ᠂ ᠭᠠᠭᠴᠠ ᠬᠣᠢᠴᠢ ᠡᠳᠦᠷ ᠴᠢᠨᠦ ᠡᠵᠡᠨ ᠯᠠᠪ ᠦᠭᠡ ᠪᠡᠨ ᠨᠢᠴᠤᠵᠤ ᠴᠢᠮᠠᠢ ᠲᠡᠭᠷᠢ ᠭᠠᠵᠠᠷ ᠲᠤᠷ ᠤᠴᠠᠷᠠᠬᠤᠶᠠ ᠪᠡᠷᠬᠡ ᠪᠣᠯᠭᠠᠮᠤᠢ᠃ ᠮᠢᠨᠦ ᠡᠨᠡ ᠦᠭᠡ ᠶ᠋ᠢ ᠴᠢ ᠬᠢᠴᠢᠶᠡᠨ ᠲᠡᠮᠳᠡᠭᠯᠡ᠃ ᠪᠢ ᠨᠢᠭᠡᠨᠲᠡ ᠬᠠᠭᠠᠨ ᠬᠥᠮᠦᠨ ᠦ᠌ ᠨᠡᠷ᠎ᠡ ᠶ᠋ᠢ ᠡᠭᠦᠷᠦᠭᠰᠡᠨ ᠲᠤᠯᠠ ᠬᠠᠭᠠᠨ ᠬᠥᠮᠦᠨ ᠦ᠌ ᠶᠠᠪᠤᠳᠠᠯ ᠢ᠋ ᠳᠠᠭᠤᠷᠢᠶᠠᠨ ᠳᠠᠭᠠᠭᠰᠠᠨ ᠢ᠋ ᠦᠯᠦ ᠳᠠᠷᠤᠯᠠᠮᠤᠢ !》ᠭᠡᠮᠡᠨ ᠠᠯᠪᠠ ᠶ᠋ᠢ ᠳᠠᠷᠤᠢ ᠬᠦᠯᠢᠶᠡᠨ ᠠᠪᠴᠤ ᠯᠢᠦ ᠪᠦᠸᠧ ᠯᠢᠨ ᠢ᠋ ᠬᠤᠷᠢᠮᠯᠠᠨ ᠱᠠᠩᠨᠠᠵᠤ᠂ ᠶᠡᠬᠡ ᠴᠡᠷᠢᠭ ᠢ᠋ ᠡᠭᠡᠵᠦ ᠪᠠᠭᠤᠬᠤᠶᠠ ᠯᠢᠦ ᠵᠦᠩ ᠯᠦ᠍ ᠪᠡᠷ ᠣᠯᠣᠭᠠᠢ ᠬᠣᠲᠠ ᠶ᠋ᠢ ᠰᠠᠬᠢᠭᠤᠯᠪᠠ᠃
ᠲᠡᠳᠦᠢ ᠢᠷᠡᠭᠰᠡᠨ ᠴᠡᠷᠢᠭ ᠶᠡᠬᠡᠯ᠎ᠡ ᠲᠠᠢᠯᠵᠤ ᠲᠠᠪᠤᠨ ᠲᠦᠮᠡᠨ ᠴᠡᠷᠢᠭ ᠢ᠋ᠶ᠋ᠡᠷ ᠬᠡᠲᠦᠷᠬᠡᠶ᠎ᠡ ᠣᠯᠵᠠᠯᠠᠨ ᠡᠭᠡᠬᠦᠢ ᠳ᠋ᠡᠭᠡᠨ ᠠᠯᠲᠠᠨ ᠤᠯᠤᠰ ᠤ᠋ᠨ ᠬᠢᠵᠠᠭᠠᠷ ᠢ᠋ᠶ᠋ᠠᠷ ᠮᠣᠩᠭᠣᠯ ᠤ᠋ᠨ ᠴᠡᠷᠢᠭ ᠡᠭᠡᠬᠦᠶ᠎ᠡ᠂ ᠠᠯᠲᠠᠨ ᠤᠯᠤᠰ ᠤ᠋ᠨ ᠵᠠᠩᠽᠥ᠋ᠩ ᠬᠠᠭᠠᠨ ᠳ᠋ᠤᠷ ᠰᠢᠶᠠ ᠤᠯᠤᠰ ᠤ᠋ᠨ ᠬᠠᠭᠠᠰ ᠣᠯᠵᠠ ᠶ᠋ᠢ ᠬᠦᠷᠭᠡᠵᠦ ᠥᠭᠬᠦᠢ ᠳ᠋ᠦ᠍ᠷ ᠵᠠᠩᠽᠥ᠋ᠩ ᠬᠠᠭᠠᠨ ᠤ᠋ ᠤᠭᠰᠠᠭ᠎ᠠ ᠶ᠋ᠢᠨ ᠬᠥᠪᠡᠭᠦᠨ ᠸᠧᠢ ᠸᠠᠩ ᠶᠦᠩ ᠵᠢᠢ ᠵᠢᠩ ᠵᠧᠦ ᠬᠣᠲᠠᠨ ᠳ᠋ᠤᠷ ᠤᠭᠲᠤᠨ ᠢᠷᠡᠵᠦ᠂ ᠲᠠᠢᠽᠦ ᠬᠠᠭᠠᠨ ᠳ᠋ᠤᠷ ᠵᠣᠯᠭᠠᠭᠰᠠᠨ ᠳ᠋ᠤᠷ ᠴᠢᠩᠭᠢᠰ ᠬᠠᠭᠠᠨ ᠳᠡᠷᠭᠡᠳᠡ ᠪᠡᠨ ᠰᠠᠭᠤᠳᠠᠯ ᠴᠤ᠌ ᠥᠭᠭᠦᠭᠰᠡᠨ ᠦᠭᠡᠢ ᠪᠡᠷ ᠭᠠᠷᠭᠠᠭᠰᠠᠨ ᠳ᠋ᠤᠷ ᠸᠧᠢ ᠸᠠᠩ ᠶᠦᠩ ᠶ᠋ᠢᠢ ᠶᠡᠬᠡᠯ᠎ᠡ ᠬᠣᠷᠣᠰᠤᠨ ᠠᠭᠤᠷᠯᠠᠵᠤ ᠬᠠᠷᠢᠵᠤ ᠢᠷᠡᠭᠡᠳ ᠵᠠᠩᠽᠥ᠋ᠩ ᠬᠠᠭᠠᠨ ᠳ᠋ᠤᠷ《ᠴᠢᠩᠭᠢᠰ ᠬᠠᠭᠠᠨ ᠤ᠋ ᠭᠠᠳᠠᠭᠠᠳᠤ ᠡᠯᠴᠢ ᠶ᠋ᠢ ᠬᠥᠩᠭᠡᠯᠡᠵᠦ ᠳᠣᠷᠣᠮᠵᠢᠯᠠᠬᠤ ᠪᠠ ᠲᠡᠭᠦᠨ ᠦ᠌ ᠶᠠᠪᠤᠬᠤ ᠶᠠᠷᠢᠬᠤ ᠡᠯ᠎ᠡ ᠵᠦᠢᠯ ᠦ᠋ᠨ ᠬᠡᠷᠡᠭᠯᠡᠯ ᠴᠥᠮ ᠳᠤᠮᠳᠠᠳᠤ ᠤᠯᠤᠰ ᠤ᠋ᠨ ᠬᠠᠭᠠᠨ ᠯᠤᠭ᠎ᠠ ᠨᠢᠭᠡᠨ ᠠᠳᠠᠯᠢ᠂ ᠡᠰᠡ ᠳᠠᠢᠯᠠᠪᠠᠰᠤ ᠪᠣᠯᠬᠤ ᠦᠭᠡᠢ ᠪᠣᠯᠪᠠ ! 》 ᠬᠡᠮᠡᠭᠰᠡᠨ ᠳ᠋ᠦ᠍ᠷ ᠵᠠᠩᠽᠥ᠋ᠩ ᠦᠭᠡ ᠶ᠋ᠢ ᠠᠪᠤᠭᠰᠠᠨ ᠦᠭᠡᠢ ᠥᠭᠦᠯᠡᠷᠦᠨ : 《ᠬᠣᠢᠲᠤ ᠤᠯᠤᠰ ᠤᠭ ᠠ᠋ᠴᠠ ᠥᠪᠡᠷ᠎ᠡ ᠠᠢᠮᠠᠭ᠂ ᠡᠷᠲᠡᠨ ᠡᠴᠡ ᠡᠮᠦᠨᠡᠲᠦ ᠤᠯᠤᠰ ᠲᠤᠷ ᠳᠠᠭᠠᠭᠰᠠᠨ ᠦᠭᠡᠢ ᠡᠳᠦᠭᠡᠬᠢ ᠴᠢᠩᠭᠢᠰ ᠬᠠᠭᠠᠨ ᠬᠠᠷᠢᠨ ᠶᠣᠰᠣᠨ ᠤ᠋ ᠪᠡᠯᠡᠭ ᠢᠯᠡᠭᠡᠬᠦ ᠢᠨᠦ ᠬᠠᠷᠢᠨ ᠳᠦᠷᠢᠮ ᠪᠣᠯᠬᠤ ᠪᠥᠭᠡᠳ ᠲᠡᠷᠡ ᠵᠢᠴᠢ ᠳ᠋ᠦ᠍ᠷ ᠪᠠᠰᠠ ᠮᠠᠰᠢ ᠴᠢᠭᠢᠷᠠᠭ᠂ ᠬᠠᠯᠳᠠᠵᠤ ᠦᠯᠦ ᠪᠣᠯᠤᠮᠤᠢ 》ᠬᠡᠮᠡᠪᠡ᠃
ᠲᠡᠳᠦᠢ ᠸᠧᠢ ᠸᠠᠩ ᠶᠦᠩ ᠶ᠋ᠢᠢ ᠮᠣᠩᠭᠣᠯ ᠤᠯᠤᠰ ᠲᠤᠷ ᠬᠣᠶᠠᠷ ᠤᠳᠠᠭ᠎ᠠ ᠨᠥᠬᠥᠷ ᠪᠣᠯᠵᠤ ᠦᠰ ᠠᠪᠬᠤ ᠰᠡᠳᠬᠢᠯ ᠢ᠋ ᠡᠪᠦᠷᠯᠡᠪᠡᠢ᠃ ᠲᠡᠭᠦᠨᠴᠡ ᠣᠯᠠᠨ ᠴᠡᠷᠢᠭ ᠮᠣᠷᠢᠨ ᠤ᠋ ᠳᠥᠷᠥᠭᠡ ᠪᠡᠨ ᠴᠣᠬᠢᠨ ᠳᠦᠷᠬᠢᠷᠡᠲᠡᠯ᠎ᠡ ᠳᠠᠭᠤᠯᠠᠭᠰᠠᠭᠠᠷ ᠡᠭᠡᠵᠦ ᠢᠷᠡᠨ ᠤᠯᠤᠰ ᠤ᠋ᠨ ᠵᠠᠬ᠎ᠠ ᠣᠷᠣᠮᠠᠭᠴᠠ ᠶᠡᠬᠡ ᠲᠠᠢᠽᠢ ᠵᠣ ᠴᠢᠨ ᠸᠠᠩ᠂ ᠬᠣᠶᠠᠳᠤᠭᠠᠷ ᠲᠠᠢᠽᠢ ᠴᠠ ᠴᠢᠨ ᠸᠠᠩ᠂ ᠲᠠᠪᠤᠨᠠᠩ ᠴᠡᠴᠡᠭ ᠣᠯᠠᠨ ᠪᠠᠭ᠎ᠠ ᠰᠠᠢᠳ ᠢ᠋ ᠠᠪᠴᠤ ᠪᠠᠶᠠᠷ ᠤ᠋ᠨ ᠶᠣᠰᠣᠭᠠᠷ ᠮᠥᠷᠭᠥᠵᠦ ᠤᠭᠲᠤᠪᠠ᠃ ᠬᠣᠶᠠᠳᠤᠭᠠᠷ ᠣᠳᠤᠯᠭᠠᠨ ᠳ᠋ᠤᠷ ᠣᠢᠲᠤ ᠣᠴᠢᠭ ᠴᠢᠨ ᠸᠠᠩ᠂ ᠭᠠᠴᠤᠭ ᠴᠢᠨ ᠸᠠᠩ᠂ ᠳᠤᠮᠳᠠᠳᠤ ᠲᠠᠢᠹᠦ᠋ ᠲᠦᠰᠢᠮᠡᠳ ᠢ᠋ ᠠᠪᠴᠤ ᠮᠥᠷᠭᠥᠨ ᠤᠭᠲᠤᠪᠠ᠃ ᠬᠣᠲᠠᠨ ᠤ᠋ ᠭᠠᠳᠠᠨ᠎ᠠ᠂ ᠳᠥᠷᠪᠡᠨ ᠲᠠᠢᠰᠢ ᠲᠠᠪᠤᠨ ᠭᠦᠸᠧ ᠯᠤᠤ ᠮᠥᠷᠭᠥᠵᠦ ᠤᠭᠲᠤᠪᠠ᠃ ᠣᠷᠳᠣᠨ ᠳ᠋ᠤᠷ ᠪᠠᠭᠤᠬᠤᠢ ᠳ᠋ᠤᠷ ᠳᠣᠲᠣᠭᠠᠳᠤ ᠭᠡᠷ ᠦ᠋ᠨ ᠡᠷᠬᠢᠯᠡᠭᠰᠡᠨ ᠰᠠᠢᠳ ᠮᠡᠩᠭᠡᠯᠢᠭ᠂ ᠬᠣᠷᠭᠣᠯᠵᠢ ᠬᠣᠶᠠᠭᠤᠯᠠ ᠮᠥᠷᠭᠥᠨ ᠤᠭᠲᠤᠪᠠ᠃ ᠲᠡᠳᠦᠢ ᠳᠣᠲᠣᠭᠠᠳᠤ ᠣᠷᠳᠣᠨ ᠳ᠋ᠤᠷ ᠣᠷᠣᠵᠤ᠂ ᠲᠠᠢᠬᠡᠦ ᠶ᠋ᠢᠨ ᠠᠮᠤᠭᠤᠯᠠᠩ ᠢ᠋ ᠡᠷᠢᠵᠦ ᠰᠢᠶᠠ ᠤᠯᠤᠰ ᠤ᠋ᠨ ᠳᠠᠭᠠᠭᠰᠠᠨ ᠢ᠋ ᠮᠡᠳᠡᠭᠦᠯᠵᠦ ᠰᠠᠶᠢ ᠥᠪᠡᠷ ᠦ᠋ᠨ ᠤᠷᠳᠣᠨ᠎ᠠ ᠢᠷᠡᠲᠡᠯ᠎ᠡ ᠬᠤᠸᠠᠩᠬᠡᠦ᠂ ᠭᠦᠩᠵᠦ᠂ ᠣᠯᠠᠨ ᠹᠧᠢ ᠨᠠᠷ ᠤᠭᠲᠤᠨ ᠮᠥᠷᠭᠥᠪᠡ᠃ ᠵᠢᠴᠢ ᠥᠷᠯᠥᠭᠡ ᠲᠥᠷᠥ ᠳ᠋ᠦ᠍ᠷ ᠭᠠᠷᠴᠤ ᠤᠯᠤᠰ ᠲᠤᠷ ᠬᠣᠴᠣᠷᠤᠭᠰᠠᠨ ᠪᠠ ᠠᠶᠠᠨ᠎ᠠ ᠳᠠᠭᠠᠭᠰᠠᠨ ᠵᠠᠩᠵᠤᠨ ᠴᠡᠷᠢᠭ ᠢ᠋ ᠱᠠᠩᠨᠠᠨ ᠡᠷᠭᠦᠮᠵᠢᠯᠡᠵᠦ ᠬᠥᠬᠢᠭᠦᠯᠬᠦᠶᠡ ᠴᠢᠪᠬᠢᠲᠡᠯ᠎ᠡ ᠪᠤᠭᠤᠷᠵᠢ᠂ ᠵᠠᠯᠮ᠎ᠠ᠂ ᠠᠨᠳᠠᠨ᠂ ᠰᠠᠢᠬᠠᠨ ᠰᠤᠷᠲᠠᠯᠲᠤ ᠨᠠᠷ ᠬᠡᠯᠡᠯᠴᠡᠨ ᠴᠢᠯᠵᠢᠱ᠌ᠢ ᠤᠯᠤᠰ ᠤ᠋ᠨ ᠡᠵᠡᠨ ᠴᠠᠭᠠᠨ᠂ ᠢᠳᠢᠨᠡᠷ ᠤᠯᠤᠰ ᠤ᠋ᠨ ᠡᠵᠡᠨ ᠠᠰᠢᠭᠲᠤ᠂ ᠠᠯᠠᠭ ᠳᠡᠪᠡᠯᠲᠦ ᠤᠯᠤᠰ ᠤ᠋ᠨ ᠡᠵᠡᠨ ᠨᠠᠢᠷᠠᠯᠠ᠂ ᠡᠳᠡᠭᠡᠷ ᠭᠤᠷᠪᠠᠨ ᠤᠯᠤᠰ ᠳᠤᠷᠠᠲᠠᠶ᠎ᠠ ᠰᠢᠶᠠ ᠤᠯᠤᠰ ᠲᠤᠷ ᠴᠡᠷᠢᠭ ᠦᠯᠦ ᠲᠤᠰᠠᠯᠠᠬᠤ ᠪᠠᠷ ᠦᠯᠦ ᠪᠠᠷᠠᠨ᠂ ᠬᠠᠷᠢᠨ ᠰᠢᠭᠤᠳ ᠮᠣᠩᠭᠣᠯ ᠤᠯᠤᠰ ᠲᠤᠷ ᠳᠠᠭᠠᠬᠤ ᠪᠣᠳᠣᠷᠣᠣᠯ ᠪᠢᠴᠢᠭ ᠪᠢᠴᠢᠭᠦᠯᠵᠦ᠂ ᠭᠤᠷᠪᠠᠨ ᠤᠯᠤᠰ ᠨᠡᠢᠲᠡ ᠪᠡᠷ ᠡᠮᠦᠨ᠎ᠡ ᠡᠴᠡ ᠪᠡᠨ ᠲᠡᠷᠢᠭᠦᠯᠡᠭᠰᠡᠨ ᠲᠦᠰᠢᠮᠡᠳ ᠢ᠋ᠶ᠋ᠡᠨ ᠡᠯᠴᠢ ᠪᠣᠯᠭᠠᠨ ᠬᠦᠨᠳᠦ ᠠᠯᠪᠠ ᠪᠠᠷᠢᠵᠤ ᠮᠥᠷᠭᠥᠷ᠎ᠡ ᠢᠯᠡᠭᠡᠭᠰᠡᠨ ᠳ᠋ᠦ᠍ᠷ ᠮᠤᠬᠤᠯᠢ ᠶᠡᠬᠡᠯ᠎ᠡ ᠪᠠᠶᠠᠷᠯᠠᠨ᠂ ᠪᠤᠭᠤᠷᠵᠢ᠂ ᠵᠡᠯᠮ᠎ᠡ᠂ ᠠᠨᠳᠠᠨ᠂ ᠰᠠᠢᠬᠠᠨ ᠰᠤᠷᠲᠠᠯᠲᠤ ᠨᠠᠷ ᠯᠤᠭ᠎ᠠ ᠭᠠᠳᠠᠭᠠᠳᠤ ᠰᠢᠨ᠎ᠡ ᠳᠠᠭᠠᠭᠰᠠᠨ ᠭᠤᠷᠪᠠᠨ ᠤᠯᠤᠰ ᠤ᠋ᠨ ᠲᠡᠷᠢᠭᠦᠯᠡᠭᠰᠡᠨ ᠲᠠᠢᠹᠦ᠋ ᠲᠦᠰᠢᠮᠡᠳ ᠢ᠋ ᠠᠪᠴᠤ ᠲᠥᠷᠥ ᠳ᠋ᠦ᠍ᠷ ᠭᠠᠷᠴᠤ ᠬᠠᠭᠠᠨ ᠳ᠋ᠤᠷ ᠪᠠᠷᠠᠯᠬᠢᠯᠠᠨ ᠮᠥᠷᠭᠥᠭᠦᠯᠵᠦ᠂ ᠤᠯᠤᠰ ᠪᠦᠷᠢ ᠶ᠋ᠢᠨ ᠡᠮᠦᠨ᠎ᠡ ᠡᠴᠡ ᠬᠦᠷᠭᠡᠵᠦ ᠢᠷᠡᠭᠰᠡᠨ ᠮᠢᠩᠭᠠᠨ ᠠᠴᠢᠶ᠎ᠠ ᠪᠡᠯᠡᠭ ᠢ᠋ ᠡᠷᠭᠦᠵᠦ᠂ ᠪᠣᠳᠣᠷᠣᠣᠯ ᠪᠢᠴᠢᠭ ᠢ᠋ ᠪᠠᠷᠢᠭᠤᠯᠤᠨ ᠬᠦᠨᠳᠦ ᠪᠡᠯᠡᠭ ᠢ᠋ ᠴᠥᠮ ᠲᠡᠭᠷᠢ ᠭᠠᠵᠠᠷ᠂ ᠨᠠᠷᠠᠨ ᠰᠠᠷᠠᠨ ᠳ᠋ᠤᠷ ᠦᠵᠡᠭᠦᠯᠵᠦ ᠳᠡᠯᠭᠡᠨ ᠳᠣᠯᠣᠭᠠᠨ ᠡᠳᠦᠷ ᠪᠣᠯᠭᠠᠵᠤ ᠬᠣᠷᠢᠶᠠᠨ ᠠᠪᠤᠭᠤᠯᠪᠠ᠃ ᠢᠷᠡᠭᠰᠡᠨ ᠡᠯᠴᠢ ᠶ᠋ᠢ ᠬᠠᠭᠠᠨ ᠤ᠋ ᠭᠡᠭᠡᠨ ᠰᠠᠢᠨ ᠦᠭᠡ ᠪᠡᠷ ᠬᠥᠬᠢᠭᠡᠨ ᠰᠠᠢᠰᠢᠶᠠᠵᠤ ᠬᠦᠨᠳᠦ ᠬᠤᠷᠢᠮ ᠦᠯᠡᠮᠵᠢ ᠱᠠᠩ ᠥᠭᠪᠡ᠃ ᠢᠳᠢᠨᠡᠷ ᠤᠯᠤᠰ᠂ ᠠᠯᠠᠭ ᠳᠡᠪᠡᠯᠲᠦ ᠤᠯᠤᠰ ᠠ᠋ᠴᠠ ᠨᠡᠷᠡᠲᠦ ᠭᠠᠢᠬᠠᠮᠰᠢᠭᠲᠠᠢ ᠬᠠᠷᠴᠠᠭᠠᠢ ᠰᠢᠪᠠᠭᠤ ᠪᠠᠷᠢᠪᠠ᠃ ᠦᠵᠡᠰᠡ ᠲᠡᠷᠡ ᠬᠣᠶᠠᠷ ᠤᠯᠤᠰ ᠤ᠋ᠨ ᠠᠭᠤᠯᠠ ᠬᠠᠳᠠ ᠮᠣᠳᠣ ᠰᠢᠷᠣᠢ ᠬᠠᠲᠠᠭᠤ ᠲᠤᠯᠠ ᠨᠡᠷᠡᠲᠡᠢ ᠬᠠᠷᠴᠠᠭᠠᠢ ᠭᠠᠷᠳᠠᠭ ᠠᠵᠤᠭᠤ᠃ ᠲᠠᠢᠽᠦ ᠴᠢᠩᠭᠢᠰ ᠬᠠᠭᠠᠨ ᠶᠡᠬᠡᠯ᠎ᠡ ᠪᠡᠶᠡᠰᠴᠦ ᠬᠦᠨᠳᠦ ᠬᠠᠷᠢᠭᠤ ᠪᠡᠯᠡᠭ ᠢᠯᠡᠭᠡᠪᠡ᠃ ᠲᠡᠳᠦᠢ ᠲᠠᠪᠤᠨ ᠲᠠᠢᠰᠢ᠂ ᠳᠥᠷᠪᠡᠨ ᠲᠠᠢᠹᠦ᠋᠂ ᠵᠢᠷᠭᠤᠭᠠᠨ ᠲᠠᠢᠪᠤᠤ ᠨᠠᠷ ᠪᠠᠶᠠᠷ ᠤ᠋ᠨ ᠶᠣᠰᠣᠭᠠᠷ ᠮᠥᠷᠭᠥᠵᠦ ᠠᠢᠯᠠᠳᠬᠠᠷᠤᠨ :
ᠦᠨᠡᠨ ᠡᠵᠡᠨ ᠰᠠᠭᠤᠷᠢᠨ ᠳ᠋ᠤᠷ ᠰᠠᠭᠤᠭᠰᠠᠨ ᠤ᠋ ᠤᠴᠢᠷ ᠲᠤᠷ
ᠥᠪᠡᠷ᠎ᠡ ᠤᠯᠤᠰ ᠨᠡᠷ᠎ᠡ ᠶ᠋ᠢ ᠰᠣᠨᠣᠰᠤᠮᠠᠭᠴᠠ ᠡᠨᠡᠷᠢᠨ ᠳᠠᠭᠠᠵᠤ ᠢᠷᠡᠮᠦᠢ᠂
ᠡᠳᠡᠭᠡᠷ ᠴᠥᠮ ᠰᠡᠳᠬᠢᠯ ᠡᠴᠡ ᠪᠢᠰᠢᠷᠡᠨ ᠳᠠᠭᠠᠭᠰᠠᠨ ᠤ᠋ ᠲᠤᠯᠠᠳᠠ
ᠡᠷᠬᠡ ᠪᠡᠷ ᠳᠠᠭᠤᠯᠠᠨ ᠲᠠᠯ᠎ᠠ ᠶ᠋ᠢᠨ ᠡᠪᠡᠰᠦᠨ ᠡᠴᠡ ᠪᠠᠲᠤ ᠪᠤᠶᠤ᠃
ᠲᠡᠳᠦᠢ ᠪᠠᠶᠠᠰᠬᠤᠯᠠᠩ ᠤ᠋ᠨ ᠬᠤᠷᠢᠮ ᠬᠤᠷᠢᠮᠯᠠᠵᠤ ᠪᠤᠭᠤᠷᠵᠢ ᠶ᠋ᠢ ᠵᠠᠯᠠᠨ᠂ ᠠᠨᠳᠠᠨ᠂ ᠰᠠᠢᠬᠠᠨ ᠰᠤᠷᠲᠠᠯᠲᠤ ᠨᠠᠷ ᠲᠤ᠌ ᠬᠦᠨᠳᠦ ᠱᠠᠩ ᠥᠭᠴᠦ ᠬᠠᠭᠠᠨ ᠤ᠋ ᠭᠡᠭᠡᠨ ᠮᠣᠳᠣᠷ ᠢ᠋ᠶ᠋ᠠᠷ ᠠᠷᠢᠬᠢ ᠬᠠᠢᠷᠠᠯᠠᠵᠤ ᠬᠥᠬᠢᠭᠦᠯᠦᠨ ᠰᠠᠢᠰᠢᠶᠠᠪᠠ᠃ ᠤᠳᠠᠭᠰᠠᠨ ᠦᠭᠡᠢ ᠭᠤᠷᠪᠠᠨ ᠶᠢᠰᠦ ᠶ᠋ᠢᠨ ᠬᠦᠢᠲᠡᠨ ᠣᠷᠣᠵᠤ᠂ ᠪᠠᠰᠠ ᠰᠢᠨ᠎ᠡ ᠬᠠᠪᠤᠷ ᠪᠣᠯᠤᠭᠰᠠᠨ ᠳ᠋ᠤᠷ ᠡᠨᠡ ᠬᠤᠷᠢᠮ ᠳ᠋ᠤᠷ ᠨᠠᠢ᠍ᠮᠠᠨ ᠤ᠋ ᠠᠯᠲᠠᠨᠱᠠᠭ᠎ᠠ ᠮᠥᠨ ᠢᠷᠡᠵᠦ᠂ ᠲᠠᠢᠰᠢ᠂ ᠲᠠᠢᠹᠦ᠋᠂ ᠲᠠᠢᠪᠤᠤ ᠨᠠᠷ ᠢᠷᠡᠵᠦ ᠨᠢᠭᠡᠨ ᠵᠦᠢᠯ ᠦ᠋ᠨ ᠴᠢᠬᠤᠯᠠ ᠬᠡᠷᠡᠭ ᠢ᠋ ᠡᠷᠭᠦᠨ ᠠᠢᠯᠠᠳᠬᠠᠪᠠ᠃ ᠶᠠᠮᠪᠠᠷ ᠬᠡᠷᠡᠭ ᠢ᠋ ᠮᠡᠳᠡᠰᠦᠭᠡᠢ ᠬᠡᠮᠡᠪᠡᠰᠦ ᠡᠨᠡ ᠳᠣᠯᠣᠭᠠᠨ ᠰᠠᠷ᠎ᠠ ᠶ᠋ᠢᠨ ᠭᠤᠴᠢᠨᠠ ᠬᠠᠷ᠎ᠠ ᠡᠭᠦᠯᠡ ᠪᠤᠷᠬᠢᠷᠠᠨ ᠰᠠᠯᠬᠢᠨ ᠳᠡᠭᠳᠡᠵᠦ᠂ ᠲᠡᠭᠷᠢ ᠶ᠋ᠢᠨ ᠳᠠᠭᠤᠨ ᠳᠣᠯᠭᠢᠰᠤᠨ ᠶᠡᠬᠡ ᠳᠣᠭᠰᠢᠨ ᠬᠤᠷ᠎ᠠ ᠬᠦᠷᠴᠦ ᠢᠷᠡᠭᠰᠡᠨ ᠳ᠋ᠦ᠍ᠷ ᠡᠬᠡ ᠲᠡᠢ ᠲᠡᠢ ᠶ᠋ᠢᠨ ᠰᠣᠴᠢᠬᠤ ᠶ᠋ᠢ ᠪᠣᠯᠭᠣᠮᠵᠢᠯᠠᠨ ᠳᠡᠷᠭᠡᠳᠡ ᠡᠴᠢᠵᠦ ᠡᠭᠡᠵᠦ ᠢᠷᠡᠭᠡᠳ ᠵᠠᠯᠠᠭᠠᠨ ᠪᠢᠴᠢᠭᠰᠡᠨ ᠳ᠋ᠦ᠍ᠷ ᠦᠵᠡᠭᠳᠡᠪᠡᠢ᠃
ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠤ :
ᠬᠥᠮᠦᠨ ᠦ᠌ ᠡᠵᠡᠨ ᠪᠣᠭᠳᠠ ᠬᠠᠭᠠᠨ ᠬᠥᠬᠡ ᠮᠣᠩᠭᠣᠯ ᠢ᠋ ᠮᠠᠨᠳᠤᠭᠤᠯᠤᠷᠤᠨ
ᠬᠥᠪᠡᠭᠦᠳ ᠢ᠋ ᠬᠥᠮᠦᠵᠢᠭᠦᠯᠦᠨ ᠥᠬᠢᠳ ᠢ᠋ ᠬᠣᠯᠪᠣᠵᠤ ᠬᠦᠨᠳᠦ ᠭᠠᠪᠢᠶ᠎ᠠ ᠶ᠋ᠢ ᠢᠯᠡᠳᠬᠡᠮᠦᠢ᠂
ᠬᠦᠷᠦᠭᠰᠡᠨ ᠪᠦᠬᠦᠨ ᠢ᠋ ᠨᠡᠢᠭᠡᠮᠯᠡᠨ ᠬᠤᠷᠢᠶᠠᠵᠤ ᠠᠭᠤᠯᠠ ᠳᠠᠯᠠᠢ ᠶ᠋ᠢ ᠨᠢᠭᠡᠳᠬᠡᠷᠦᠨ
ᠬᠦᠴᠦᠲᠦ ᠤᠯᠤᠰ ᠲᠤᠷ ᠰᠦᠷ ᠢ᠋ ᠵᠠᠷᠯᠠᠨ ᠬᠥᠭᠡᠷᠦᠬᠦᠢ ᠠᠢᠮᠠᠭ ᠤ᠋ᠳ ᠢ᠋ ᠢᠯᠪᠢᠯᠬᠢᠯᠡᠮᠦᠢ᠃
