ᠬᠥᠬᠡ ᠰᠤᠳᠤᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ > Хөх судар - Инжинаш < Дөчин нэгдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ > Хөх судар - Инжинаш < Дөчин нэгдүгээр бүлэг >

ᠬᠥᠬᠡ ᠰᠤᠳᠤᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ > Хөх судар - Инжинаш < Дөчин нэгдүгээр бүлэг >

ᠠᠩᠭᠢᠯᠠᠯ:ᠲᠡᠦᠬᠡ ᠰᠣᠶᠣᠯ
2023-09-05

222

ᠰᠠᠷᠳᠠᠭᠴᠢᠨ ᠠᠢᠮᠠᠭ ᠤ᠋ᠨ ᠠᠮᠪᠠᠭᠠᠢ ᠬᠠᠨ ᠰᠠᠮᠠᠭᠤᠷᠠᠨ ᠬᠠᠷᠢᠶᠠᠭᠰᠠᠭᠠᠷ ᠠᠶᠤᠩᠭ᠎ᠠ ᠶ᠋ᠢᠨ ᠬᠢᠲᠤᠭ᠎ᠠ ᠳ᠋ᠤᠷ ᠠᠯᠠᠭᠳᠠᠪᠠ

ᠰᠢᠶᠠ ᠤᠯᠤᠰ ᠤ᠋ᠨ ᠯᠢ ᠠᠨ ᠴᠢᠤᠸᠠᠨ ᠰᠠᠨᠠᠮᠵᠢᠯᠠᠨ ᠤᠬᠠᠮᠵᠢᠯᠠᠭᠰᠠᠭᠠᠷ ᠲᠡᠭᠷᠢ ᠶ᠋ᠢᠨ ᠥᠷᠯᠥᠭ ᠲᠣᠷ ᠭᠥᠷᠳᠡᠭᠳᠡᠪᠡ


                  ᠳᠥᠴᠢᠨ ᠨᠢᠭᠡᠳᠦᠭᠡᠷ ᠪᠦᠯᠦᠭ 
                              ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠳᠥᠷᠪᠡᠳᠦᠭᠡᠷ ᠣᠨ᠂ ᠰᠥᠩ ᠤᠯᠤᠰ ᠤ᠋ᠨ ᠨᠢᠩᠽᠦ᠋ᠩ ᠬᠠᠭᠠᠨ ᠤ᠋ 
                              ᠵᠢᠶᠠ ᠳ᠋ᠢᠩ ᠦ᠋ᠨ ᠬᠣᠶᠠᠳᠤᠭᠠᠷ ᠣᠨ ᠂ ᠠᠯᠲᠠᠨ ᠤᠯᠤᠰ ᠤ᠋ᠨ ᠸᠧᠢ ᠱᠣᠣ ᠸᠠᠩ ᠸᠠᠨ ᠶᠠᠨ ᠶᠦᠩ ᠵᠢᠢ  ᠶ᠋ᠢᠨ 
                              ᠳᠡ ᠠᠨ ᠤ᠋ ᠲᠡᠷᠢᠭᠦᠨ ᠣᠨ ᠂ ᠰᠢᠷᠬᠠᠴᠢᠨ ᠮᠣᠭᠠᠢ ᠵᠢᠯ ᠂ ᠴᠢᠩᠭᠢᠰ ᠬᠠᠭᠠᠨ ᠳᠥᠴᠢᠨ ᠨᠠᠢ᠍ᠮᠠᠨ ᠰᠡᠭᠦᠳᠡᠷ ᠲᠡᠢ 

               ᠰᠠᠷᠲᠠᠭᠴᠢᠨ ᠠᠢᠮᠠᠭ ᠤ᠋ᠨ ᠠᠮᠪᠠᠭᠠᠢ ᠬᠠᠨ ᠰᠠᠮᠠᠭᠤᠷᠠᠨ ᠬᠠᠷᠢᠶᠠᠭᠰᠠᠭᠠᠷ ᠠᠶᠤᠩᠭ᠎ᠠ ᠶ᠋ᠢᠨ ᠬᠢᠲᠤᠭ᠎ᠠ ᠳ᠋ᠤᠷ ᠠᠯᠠᠭᠳᠠᠪᠠ 
             ᠰᠢᠶᠠ ᠤᠯᠤᠰ ᠤ᠋ᠨ ᠯᠢ ᠠᠨ ᠴᠢᠤᠸᠠᠨ ᠰᠠᠨᠠᠮᠵᠢᠯᠠᠨ ᠤᠬᠠᠮᠵᠢᠯᠠᠭᠰᠠᠭᠠᠷ ᠲᠡᠭᠷᠢ ᠶ᠋ᠢᠨ ᠥᠷᠯᠥᠭ ᠲᠣᠷ ᠬᠦᠷᠲᠡᠭᠳᠡᠪᠡ  

       ᠲᠡᠨᠳᠡᠴᠡ ᠮᠣᠩᠭᠣᠯ ᠤ᠋ᠨ ᠬᠠᠭᠠᠨ᠂ ᠲᠠᠢᠹᠦ᠋ ᠵᠢᠨᠦᠩ ᠮᠤᠬᠤᠯᠢ ᠶ᠋ᠢᠨ ᠠᠢᠯᠠᠳᠬᠠᠭᠰᠠᠨ ᠨᠤᠭᠤᠯᠪᠤᠷᠢ ᠶ᠋ᠢ ᠠᠢᠯᠠᠳᠴᠤ ᠮᠤᠬᠤᠯᠢ ᠶ᠋ᠢᠨ ᠵᠦᠭ ᠮᠦᠰᠢᠶᠡᠨ ᠵᠠᠷᠯᠢᠭ ᠪᠣᠯᠤᠷᠤᠨ :《ᠮᠢᠨᠦ ᠬᠡᠯᠡᠭᠰᠡᠨ ᠡᠴᠡ ᠭᠠᠷᠤᠭᠰᠠᠨ ᠦᠭᠡᠢ ᠪᠣᠯᠠᠢ᠂ ᠲᠡᠳᠡ ᠯᠠᠪ ᠴᠢᠯᠥᠭᠡ ᠡᠷᠢᠭᠰᠡᠨ ᠬᠡᠷᠡᠭ ᠪᠤᠰᠤ ᠤᠤ ? ᠬᠡᠳᠦᠢ ᠲᠡᠢᠨ ᠪᠣᠯᠪᠠᠴᠤ ᠪᠢ ᠮᠥᠨ ᠬᠦ᠌ ᠲᠡᠭᠷᠢ ᠶ᠋ᠢᠨ ᠰᠠᠨᠠᠭᠠᠨ ᠢ᠋ ᠪᠠᠷᠢᠵᠤ ᠳᠠᠢᠯᠠᠬᠤᠢ ᠳ᠋ᠤᠷ ᠲᠡᠷᠡ ᠬᠡᠷᠬᠢᠨ ᠮᠤᠯᠳᠤᠷᠤᠨ ᠴᠢᠳᠠᠬᠤ ? ᠵᠢᠨᠦᠩ ᠮᠥᠨ ᠬᠦ᠌ ᠤᠭ ᠳᠠᠢᠯᠠᠭᠰᠠᠨ ᠵᠠᠩᠵᠤᠨ ᠴᠡᠷᠢᠭ ᠢ᠋ ᠮᠥᠨ ᠶᠣᠰᠣᠭᠠᠷ ᠠᠮᠠᠯᠠᠵᠤ ᠠᠷᠪᠠᠨ ᠡᠳᠦᠷ ᠦ᠋ᠨ ᠳᠣᠲᠣᠷ᠎ᠠ ᠳᠠᠷᠤᠢ ᠮᠣᠷᠳᠠᠮᠤᠢ ! 》 ᠭᠡᠮᠡᠨ ᠵᠠᠷᠯᠢᠭ ᠪᠠᠭᠤᠯᠭᠠᠪᠠ᠃ ᠲᠡᠳᠦᠢ ᠦᠵᠡᠪᠡᠰᠦ᠂ ᠲᠠᠢᠰᠢ ᠲᠠᠢ ᠰᠡᠴᠡᠨ ᠭᠠᠷᠴᠤ ᠪᠠᠰᠠ ᠨᠢᠭᠡᠨ ᠨᠤᠭᠤᠯᠪᠤᠷᠢ ᠡᠷᠭᠦᠨ ᠠᠢᠯᠠᠳᠬᠠᠪᠠ᠃ ᠦᠵᠡᠪᠡᠰᠦ ᠰᠢᠶᠠ ᠤᠯᠤᠰ ᠤ᠋ᠨ ᠡᠮᠦᠨ᠎ᠡ ᠪᠦᠬᠦᠢ ᠤᠢᠭᠤᠷ ᠤᠯᠤᠰ᠂ ᠬᠣᠶᠠᠷ ᠠᠩᠭᠢ ᠠ᠋ᠴᠠ ᠬᠣᠢᠲᠤ ᠤᠢᠭᠤᠷ ᠤᠯᠤᠰ ᠠᠨᠤ ᠮᠡᠷᠭᠡᠳ ᠪᠣᠢ ᠲᠤᠯᠠ ᠲᠡᠭᠷᠢ ᠶ᠋ᠢᠨ ᠪᠠᠢᠳᠠᠯ ᠬᠣᠢᠲᠤ ᠡᠲᠡᠭᠡᠳ ᠦ᠋ᠨ ᠣᠳᠣᠨ ᠭᠠᠷᠠᠭ ᠭᠡᠭᠡᠬᠡᠨ ᠢ᠋ ᠦᠵᠡᠵᠦ ᠭᠠᠷᠤᠭᠠᠳ ᠲᠡᠢᠨ ᠬᠦ᠌ ᠤᠷᠢᠳᠠ ᠬᠦᠨᠳᠦ ᠶᠣᠰᠣᠲᠤ ᠠᠯᠪᠠ ᠪᠠᠷᠢᠭᠤᠯᠵᠤ ᠪᠠᠷᠠᠯᠬᠠᠨ ᠮᠥᠷᠭᠥᠷ᠎ᠡ ᠢᠷᠡᠭᠰᠡᠨ ᠠᠵᠤᠭᠤ᠃ 
       ᠲᠡᠳᠦᠢ ᠵᠠᠷᠯᠢᠭ ᠪᠠᠭᠤᠯᠭᠠᠨ ᠤᠢᠭᠤᠷ ᠤ᠋ᠨ ᠡᠯᠴᠢ ᠶ᠋ᠢ ᠤᠳᠤᠷᠢᠳᠤᠨ ᠣᠷᠣᠭᠤᠯᠵᠤ ᠨᠢᠭᠤᠷ ᠵᠣᠯᠭᠠᠵᠤ᠂ ᠰᠠᠢᠨ ᠦᠭᠡ ᠥᠷᠥᠰᠢᠶᠡᠯᠳᠦ ᠵᠠᠷᠯᠢᠭ ᠢ᠋ᠶ᠋ᠡᠷ ᠬᠥᠬᠢᠭᠡᠨ ᠰᠠᠨᠠᠭᠤᠯᠵᠤ᠂ ᠲᠠᠢᠰᠢ ᠲᠠᠢ ᠰᠡᠴᠡᠨ᠂ ᠲᠣᠷᠭᠠᠨ ᠰᠢᠷ᠎ᠠ ᠨᠠᠷ ᠲᠤᠷ ᠵᠠᠷᠯᠢᠭ ᠪᠠᠭᠤᠯᠭᠠᠨ ᠤᠢᠭᠤᠷ ᠤ᠋ᠨ ᠡᠯᠴᠢ ᠳ᠋ᠦ᠍ᠷ ᠬᠦᠨᠳᠦ ᠬᠤᠷᠢᠮ ᠬᠠᠢᠷᠠᠯᠠᠨ ᠲᠡᠭᠷᠢ ᠶ᠋ᠢᠨ ᠬᠥᠪᠡᠭᠦᠨ ᠤᠷᠳᠣᠨ᠎ᠠ ᠡᠭᠡᠪᠡ᠂ ᠵᠠᠭᠤᠨ ᠲᠦᠰᠢᠮᠡᠳ ᠲᠠᠷᠬᠠᠯᠴᠠᠪᠠ᠃ ᠦᠵᠡᠰᠡ ᠰᠢᠶᠠ ᠤᠯᠤᠰ ᠤ᠋ᠨ ᠡᠵᠡᠨ ᠯᠢ ᠠᠨ ᠴᠢᠤᠸᠠᠨ ᠤᠷᠵᠢᠨᠤᠨ ᠵᠢᠯ ᠮᠣᠩᠭᠣᠯ ᠤ᠋ᠨ ᠴᠡᠷᠢᠭ ᠳᠠᠢᠯᠠᠷ᠎ᠠ ᠢᠷᠡᠬᠦᠢ ᠳ᠋ᠦ᠍ᠷ ᠠᠯᠢᠪᠠ ᠵᠦᠢᠯ ᠦᠯᠦ ᠵᠠᠪᠳᠤᠬᠤᠢ ᠳ᠋ᠤᠷ ᠯᠢᠦ ᠪᠦᠸᠧ ᠯᠢᠨ ᠢ᠋ ᠡᠷᠡᠦᠯᠡᠨ ᠳᠠᠭᠠᠬᠤ ᠪᠣᠳᠣᠷᠣᠣᠯ ᠪᠢᠴᠢᠭ ᠪᠠᠷᠢᠭᠤᠯᠵᠤ ᠠᠯᠪᠠ ᠪᠠᠷᠢᠨ ᠬᠠᠭᠤᠷᠤᠨ ᠳᠠᠭᠠᠭᠠᠳ ᠪᠠᠰᠠ ᠳᠠᠬᠢᠨ ᠲᠦᠰᠢᠮᠡᠯ ᠭᠣᠣ ᠯᠢᠩ ᠬᠦᠩ ᠢ᠋ ᠲᠣᠭᠣᠷᠢᠭ᠍ᠰᠠᠨ ᠵᠠᠬ᠎ᠠ ᠨᠡᠢᠯᠡᠭᠰᠡᠨ ᠤᠯᠤᠰ ᠢ᠋ ᠬᠡᠯᠡᠯᠴᠡᠷ᠎ᠡ ᠢᠯᠡᠭᠡᠪᠡᠰᠦ᠂ ᠪᠠᠷᠠᠭᠤᠨ ᠡᠮᠦᠨ᠎ᠡ ᠴᠠᠢᠯᠵᠢ ᠤᠯᠤᠰ᠂ ᠴᠢᠬᠡ ᠪᠠᠷᠠᠭᠤᠨ ᠢᠳᠢᠨᠡᠷ ᠤᠯᠤᠰ᠂ ᠪᠠᠷᠠᠭᠤᠨ ᠬᠣᠢᠲᠤ ᠠᠯᠠᠭ ᠳᠡᠪᠡᠯᠲᠦ ᠤᠯᠤᠰ ᠴᠥᠮ ᠮᠣᠩᠭᠣᠯ ᠳ᠋ᠤᠷ ᠳᠠᠭᠠᠭᠠᠳ ᠥᠴᠦᠬᠡᠨ ᠴᠦ᠍ ᠬᠠᠯᠠᠬᠤ ᠦᠭᠡᠢ᠃ ᠨᠡᠩᠳᠡ ᠠᠯᠲᠠᠨ ᠤᠯᠤᠰ᠂ ᠰᠢᠶᠠ ᠤᠯᠤᠰ ᠯᠤᠭ᠎ᠠ ᠨᠠᠶᠠᠨ ᠢᠯᠡᠭᠦᠦ ᠵᠢᠯ ᠰᠠᠢᠨ ᠶᠠᠪᠤᠭᠰᠠᠨ ᠪᠥᠭᠡᠳ ᠸᠠᠨ ᠶᠠᠨ ᠵᠢᠩ ᠡᠪᠡᠳᠴᠢᠲᠡᠢ ᠭᠡᠮᠡᠨ ᠰᠢᠯᠲᠠᠭ᠍ᠯᠠᠨ ᠥᠴᠦᠬᠡᠨ ᠭᠠᠷᠬᠤ ᠦᠭᠡᠢ ᠳ᠋ᠦ᠍ᠷ ᠭᠣᠣ ᠯᠢᠩ ᠬᠦᠩ ᠳᠠᠬᠢᠨ ᠪᠠᠷᠠᠭᠤᠨ ᠡᠮᠦᠨ᠎ᠡ ᠤᠢᠭᠤᠷ ᠤᠯᠤᠰ ᠲᠤᠷ ᠣᠷᠣᠪᠠᠰᠤ ᠤᠢᠭᠤᠷ ᠤᠯᠤᠰ ᠤ᠋ᠨ ᠡᠵᠡᠨ ᠤᠭᠲᠤᠴᠢ ᠮᠡᠷᠭᠡᠨ ᠬᠠᠷᠢᠨ ᠡᠰᠡ ᠳᠠᠭᠠᠬᠤ ᠪᠠᠷ ᠦᠯᠦ ᠪᠠᠷᠠᠨ᠂ ᠬᠠᠷᠢᠨ ᠮᠣᠩᠭᠣᠯ ᠳ᠋ᠤᠷ ᠳᠠᠭᠠᠬᠤ ᠪᠣᠳᠣᠷᠣᠣᠯ ᠪᠢᠴᠢᠭ ᠪᠢᠴᠢᠭᠦᠯᠵᠦ ᠬᠦᠨᠳᠦ ᠠᠯᠪᠠ ᠪᠠᠷᠢᠭᠤᠯᠤᠨ ᠢᠯᠡᠭᠡᠵᠦ ᠣᠷᠣᠵᠤ ᠥᠭᠭᠦᠭᠰᠡᠨ ᠳ᠋ᠦ᠍ᠷ᠂ ᠭᠣᠣ ᠯᠢᠩ ᠬᠦᠩ ᠶᠡᠬᠡᠯ᠎ᠡ ᠴᠢᠬᠤᠯᠳᠠᠵᠤ᠂ ᠪᠠᠰᠠ ᠲᠠᠩᠭᠤᠳ ᠤ᠋ᠨ ᠬᠣᠢᠲᠤ ᠪᠡᠶ᠎ᠡ ᠶ᠋ᠢᠨ ᠰᠠᠷᠲᠠᠭᠴᠢᠨ ᠤᠯᠤᠰ ᠤ᠋ᠨ ᠡᠵᠡᠨ ᠠᠮᠪᠠᠭᠠᠢ ᠬᠠᠭᠠᠨ ᠳ᠋ᠤᠷ ᠡᠴᠢᠵᠦ ᠬᠠᠮᠲᠤ ᠴᠡᠷᠢᠭ ᠨᠡᠢᠯᠡᠵᠦ ᠮᠣᠩᠭᠣᠯ ᠢ᠋ ᠪᠠᠢᠯᠳᠤᠨ ᠠᠷᠢᠯᠭᠠᠰᠤᠭᠠᠢ ᠭᠡᠮᠡᠨ ᠵᠥᠪᠳᠡᠭᠰᠡᠨ ᠳ᠋ᠦ᠍ᠷ ᠠᠮᠪᠠᠭᠠᠢ ᠬᠠᠭᠠᠨ ᠶᠡᠬᠡᠯ᠎ᠡ ᠪᠠᠶᠠᠷᠯᠠᠨ ᠥᠭᠦᠯᠡᠷᠦᠨ : 《ᠲᠡᠷᠡ ᠵᠢᠯ ᠮᠣᠩᠭᠣᠯ ᠤ᠋ᠨ ᠡᠵᠡᠨ ᠲᠡᠮᠦᠵᠢᠨ ᠬᠥᠪᠡᠭᠦᠨ ᠲᠠᠩᠭᠤᠳ᠂ ᠬᠣᠲᠣᠩ᠂ ᠲᠥᠪᠡᠳ ᠨᠠᠷ ᠢ᠋ ᠠᠷᠭᠠᠳᠠᠨ ᠣᠷᠣᠭᠤᠯᠵᠤ ᠠᠪᠤᠭᠠᠳ ᠡᠭᠡᠬᠦᠢ ᠳ᠋ᠡᠭᠡᠨ ᠨᠠᠮᠠᠶ᠋ᠢ ᠮᠥᠨ ᠠᠷᠭᠠᠳᠠᠷ᠎ᠠ ᠢᠷᠡᠭᠰᠡᠨ ᠳ᠋ᠦ᠍ᠷ ᠪᠢ ᠢᠴᠢᠭᠡᠨ ᠬᠡᠯᠡᠵᠦ ᠡᠯᠴᠢ ᠶ᠋ᠢ ᠡᠭᠡᠭᠦᠯᠪᠡ᠃ ᠲᠡᠷᠡ ᠪᠠᠰᠠ ᠯᠠᠪ ᠨᠠᠮᠠᠶ᠋ᠢ ᠵᠠᠨᠤᠮᠤᠢ᠃ ᠪᠢ ᠡᠷᠬᠡᠪᠰᠢ ᠲᠡᠭᠦᠨ ᠯᠦ᠍ᠭᠡ ᠡᠷᠡᠭᠴᠢᠨ ᠡᠮᠡᠭᠴᠢᠨ ᠢ᠋ ᠢᠯᠭᠠᠰᠤᠭᠠᠢ᠃ ᠲᠡᠷᠡ ᠬᠠᠭᠠᠨ ᠰᠠᠭᠤᠭᠠᠳ ᠰᠠᠨᠠᠭᠠᠨ ᠨᠡᠩ ᠥᠰᠴᠦᠬᠦᠢ᠃ ᠲᠠᠨ ᠤ᠋ ᠶᠡᠬᠡ ᠤᠯᠤᠰ ᠨᠠᠳᠠ ᠯᠤᠭ᠎ᠠ ᠨᠡᠢᠯᠡᠪᠡᠰᠦ ᠪᠢᠳᠡ ᠬᠠᠮᠢᠭ᠎ᠠ ᠨᠡᠢᠯᠡᠵᠦ ᠳᠠᠷᠤᠪᠠᠰᠤ ᠵᠣᠬᠢᠬᠤ ᠶ᠋ᠢ ᠲᠣᠭᠲᠠᠭ᠎ᠠ ! 》ᠬᠡᠮᠡᠭᠰᠡᠨ ᠳ᠋ᠦ᠍ᠷ ᠭᠣᠣ ᠯᠢᠩ ᠬᠦᠩ ᠶᠡᠬᠡᠯ᠎ᠡ ᠪᠠᠶᠠᠷᠯᠠᠨ ᠲᠡᠭᠷᠢ ᠶ᠋ᠢᠨ ᠴᠡᠷᠢᠭ ᠢ᠋ ᠤᠯᠤᠭᠰᠨ ᠮᠡᠲᠦ ᠶᠠᠭᠠᠷᠠᠨ ᠢᠷᠡᠵᠦ ᠡᠵᠡᠨ ᠳ᠋ᠦ᠍ᠷ ᠢ᠋ᠶ᠋ᠠᠨ ᠯᠢ ᠠᠨ ᠴᠢᠤᠸᠠᠨ ᠳ᠋ᠤᠷ ᠠᠢᠯᠠᠳᠬᠠᠵᠤ ᠳᠠᠷᠤᠢ ᠠᠮᠪᠠᠭᠠᠢ ᠶ᠋ᠢ ᠵᠠᠯᠠᠨ ᠠᠴᠢᠷᠠᠵᠤ᠂ ᠰᠢᠶᠠ ᠤᠯᠤᠰ ᠤ᠋ᠨ ᠥᠨᠳᠥᠷ ᠠᠭᠤᠯᠠᠨ ᠳ᠋ᠤᠷ ᠶᠡᠬᠡ ᠫᠤᠤ ᠲᠠᠯᠪᠢᠨ ᠠᠬ᠎ᠠ ᠳᠡᠭᠦᠦ ᠪᠣᠯᠬᠤᠶ᠎ᠠ ᠠᠮᠪᠠᠭᠠᠢ ᠶ᠋ᠢᠨ ᠨᠠᠰᠤᠨ ᠳᠡᠭᠦᠦ ᠲᠤᠯᠠ ᠳᠡᠭᠦᠦ ᠪᠣᠯᠵᠤ ᠡᠮᠦᠨ᠎ᠡ ᠢᠨᠤ ᠶᠠᠪᠤᠰᠤᠭᠠᠢ ᠭᠡᠮᠡᠨ ᠰᠠᠷᠲᠠᠭᠴᠢᠨ ᠳ᠋ᠤᠷ ᠢ᠋ᠶ᠋ᠠᠨ ᠢᠷᠡᠵᠦ᠂ ᠤᠯᠤᠰ ᠤ᠋ᠨ ᠴᠡᠷᠢᠭ ᠢ᠋ᠶ᠋ᠡᠨ ᠪᠠᠷᠠᠲᠠᠯ᠎ᠠ ᠰᠢᠯᠭᠠᠵᠤ ᠠᠷᠪᠠᠨ ᠲᠦᠮᠡᠨ ᠳ᠋ᠦ᠍ᠷ ᠭᠥᠷᠦᠭᠦᠯᠵᠦ᠂ ᠯᠢ ᠠᠨ ᠴᠢᠤᠸᠠᠨ ᠳ᠋ᠤᠷ ᠮᠡᠳᠡᠭᠡ ᠢᠯᠡᠭᠡᠪᠡ᠃ 
       ᠲᠡᠳᠦᠢ ᠯᠢ ᠠᠨ ᠴᠢᠤᠸᠠᠨ᠂ ᠭᠣᠣ ᠯᠢᠩ ᠬᠦᠩ ᠱ᠌ᠢᠪᠢᠱ᠌ᠢ ᠬᠣᠶᠠᠭᠤᠯᠠ ᠳ᠋ᠤᠷ ᠴᠡᠷᠢᠭ ᠦ᠋ᠨ ᠡᠷᠬᠡ ᠪᠡᠨ ᠪᠠᠷᠢᠭᠤᠯᠵᠤ᠂ ᠤᠯᠤᠰ ᠤ᠋ᠨ ᠴᠡᠷᠢᠭ ᠢ᠋ ᠪᠠᠷᠠᠲᠠᠯ᠎ᠠ ᠰᠢᠯᠭᠠᠵᠤ ᠨᠡᠢᠲᠡ ᠳᠥᠴᠢᠨ ᠲᠦᠮᠡᠨ ᠳ᠋ᠦ᠍ᠷ ᠭᠥᠷᠦᠭᠦᠯᠵᠦ᠂ ᠠᠮᠪᠠᠭᠠᠢ ᠬᠠᠭᠠᠨ ᠤ᠋ ᠴᠡᠷᠢᠭ ᠯᠦ᠍ᠭᠡ ᠲᠠᠪᠢᠨ ᠲᠦᠮᠡᠨ ᠪᠣᠯᠤᠭᠰᠠᠨ ᠲᠤᠯᠠ ᠵᠢᠷᠦᠬᠡ ᠶᠡᠬᠡ ᠪᠣᠯᠵᠤ᠂ ᠨᠢᠭᠡᠨᠲᠡᠭᠡᠭᠦᠷ ᠴᠡᠷᠢᠭ ᠢ᠋ ᠳᠥᠷᠪᠡᠨ ᠠᠩᠭᠢ ᠬᠤᠪᠢᠶᠠᠨ᠂ ᠲᠡᠷᠢᠭᠦᠨ ᠠᠩᠭᠢ ᠳ᠋ᠤᠷ ᠭᠣᠣ ᠯᠢᠩ ᠬᠦᠩ᠂ ᠱ᠌ᠢᠪᠢᠱ᠌ᠢ ᠬᠣᠶᠠᠭᠤᠯᠠ ᠠᠷᠪᠠᠨ ᠲᠦᠮᠡᠨ ᠴᠡᠷᠢᠭ ᠢ᠋ ᠵᠠᠬᠢᠷᠴᠤ ᠬᠣᠶᠠᠳᠤᠭᠠᠷ ᠠᠩᠭᠢ ᠳ᠋ᠤᠷ ᠸᠧᠢ ᠮᠢᠩ ᠯᠢᠩ ᠬᠦᠩ ᠠᠷᠪᠠᠨ ᠲᠦᠮᠡᠨ ᠴᠡᠷᠢᠭ ᠢ᠋ ᠵᠠᠬᠢᠷᠴᠤ ᠭᠤᠷᠪᠠᠳᠤᠭᠠᠷ ᠲᠤᠷ ᠵᠠᠯᠢᠬᠠᠢ ᠲᠠᠢᠰᠢ ᠽᠦᠨ ᠰᠢᠦᠢ ᠠᠷᠪᠠᠨ ᠲᠦᠮᠡᠨ ᠴᠡᠷᠢᠭ ᠢ᠋ ᠵᠠᠬᠢᠷᠴᠤ ᠳᠥᠷᠪᠡᠳᠦᠭᠡᠷ ᠲᠣᠷ ᠰᠢᠶᠠ ᠤᠯᠤᠰ ᠤ᠋ᠨ ᠡᠵᠡᠨ ᠠᠷᠪᠠᠨ ᠲᠦᠮᠡᠨ ᠴᠡᠷᠢᠭ ᠢ᠋ ᠵᠠᠬᠢᠷᠴᠤ ᠬᠣᠲᠠ ᠶ᠋ᠢ ᠰᠠᠬᠢᠵᠤ᠂ ᠪᠦᠭᠦᠳᠡ ᠶ᠋ᠢᠨ ᠡᠮᠦᠨ᠎ᠡ ᠠᠮᠪᠠᠭᠠᠢ ᠬᠠᠭᠠᠨ ᠢ᠋ ᠬᠠᠯᠳᠠᠨ ᠪᠠᠢᠯᠳᠤᠷ᠎ᠠ ᠡᠴᠢᠬᠦ ᠬᠣᠰᠢᠭᠤᠴᠢ ᠪᠣᠯᠭᠠᠨ ᠠᠷᠪᠠᠨ ᠲᠦᠮᠡᠨ ᠴᠡᠷᠢᠭ ᠢ᠋ᠶ᠋ᠡᠷ ᠡᠴᠢᠬᠦᠢ ᠪᠡᠷ ᠲᠣᠭᠲᠠᠭᠠᠵᠤ᠂ ᠨᠢᠭᠡᠨᠲᠡᠭᠡᠭᠦᠷ ᠮᠣᠩᠭᠣᠯ ᠳ᠋ᠤᠷ ᠪᠠᠢᠯᠳᠤᠭᠠᠨ ᠤ᠋ ᠪᠢᠴᠢᠭ ᠢ᠋ ᠢᠯᠡᠭᠡᠭᠡᠳ ᠪᠠᠰᠠ ᠨᠢᠭᠡᠨᠲᠡᠭᠡᠭᠦᠷ ᠭᠣᠣ ᠯᠢᠩ ᠬᠥᠭ᠂ ᠱ᠌ᠢᠪᠢᠱ᠌ᠢ ᠬᠣᠶᠠᠭᠤᠯᠠ ᠠᠷᠪᠠᠨ ᠲᠦᠮᠡᠨ ᠴᠡᠷᠢᠭ ᠢ᠋ ᠠᠪᠴᠤ ᠮᠣᠩᠭᠣᠯ ᠠ᠋ᠴᠠ ᠣᠯᠣᠭᠠᠢ ᠬᠣᠲᠠ ᠶ᠋ᠢ ᠪᠤᠯᠢᠶᠠᠷ᠎ᠠ ᠡᠴᠢᠬᠦᠢ ᠳ᠋ᠦ᠍ᠷ ᠬᠣᠲᠠ ᠶ᠋ᠢ ᠰᠠᠬᠢᠭ᠍ᠰᠠᠨ ᠯᠢᠦ ᠵᠦᠩ ᠯᠦ᠍ ᠲᠤᠷᠰᠢᠭᠤᠯ ᠠ᠋ᠴᠠ ᠬᠡᠳᠦᠢᠨᠡᠢ ᠣᠯᠵᠤ ᠰᠣᠨᠣᠰᠤᠭᠠᠳ ᠮᠣᠩᠭᠣᠯ ᠠ᠋ᠴᠠ ᠴᠡᠷᠢᠭ ᠢᠷᠡᠵᠦ ᠵᠠᠪᠳᠤᠬᠤ ᠦᠭᠡᠢ ᠶ᠋ᠢ ᠮᠡᠳᠡᠭᠡᠳ ᠨᠢᠭᠡᠨᠲᠡᠭᠡᠭᠦᠷ ᠤᠴᠢᠷ ᠢ᠋ ᠮᠡᠳᠡᠭᠦᠯᠦᠨ ᠢᠯᠡᠭᠡᠵᠦ᠂ ᠵᠢᠴᠢ ᠯᠦᠸᠸ ᠽᠢ ᠴᠧᠩ ᠦ᠋ᠨ ᠯᠢᠦ ᠹᠦ᠂ ᠯᠢ ᠴᠢᠯᠢ ᠬᠣᠷᠣᠭ᠎ᠠ ᠶ᠋ᠢᠨ ᠳ᠋ᠦᠩ ᠵᠢᠶᠦ᠋ᠨ ᠬᠣᠶᠠᠭᠤᠯᠠ ᠶ᠋ᠢᠨ ᠴᠡᠷᠢᠭ ᠢ᠋ ᠰᠡᠮᠡᠬᠡᠷ ᠳᠠᠭᠤᠳᠠᠨ ᠠᠴᠢᠷᠠᠭᠤᠯᠵᠤ᠂ ᠣᠯᠣᠭᠠᠢ ᠬᠣᠲᠠ ᠶ᠋ᠢᠨ ᠬᠠᠮᠤᠭ ᠬᠣᠣ ᠰᠠᠩ ᠤ᠋ᠨ ᠡᠯ᠎ᠡ ᠵᠦᠢᠯ ᠢ᠋ ᠴᠥᠮ ᠬᠣᠷᠢᠶᠠᠨ ᠲᠡᠭᠡᠭᠡᠵᠦ ᠪᠢᠲᠡᠭᠦᠮᠵᠢᠯᠡᠭᠡᠳ ᠣᠯᠠᠨ ᠪᠠᠶᠠᠯᠢᠭ ᠢᠷᠭᠡᠳ ᠢ᠋ ᠬᠥᠭᠡᠭᠡᠵᠦ ᠯᠦᠸᠸ ᠽᠢ ᠴᠧᠩ ᠬᠣᠲᠠᠨ ᠳ᠋ᠤᠷ ᠠᠪᠠᠴᠢᠵᠤ᠂ ᠥᠪᠡᠷ ᠢ᠋ᠶ᠋ᠡᠨ ᠬᠣᠭᠣᠰᠣᠨ ᠬᠣᠲᠠᠨ ᠢ᠋ ᠴᠡᠷᠢᠭ ᠢ᠋ᠶ᠋ᠡᠷ ᠰᠠᠬᠢᠨ ᠪᠦᠬᠦᠢ ᠳ᠋ᠦ᠍ᠷ ᠰᠢᠶᠠ ᠤᠯᠤᠰ ᠤ᠋ᠨ ᠴᠡᠷᠢᠭ ᠭᠡᠨᠡᠳᠲᠡ ᠬᠦᠷᠴᠦ ᠢᠷᠡᠭᠡᠳ ᠪᠠᠢᠯᠳᠤᠬᠤ ᠠᠨᠤ ᠮᠠᠰᠢ ᠬᠦᠴᠦᠲᠡᠢ ᠳ᠋ᠦ᠍ᠷ ᠬᠣᠲᠠ ᠰᠠᠬᠢᠭ᠍ᠰᠠᠨ ᠴᠡᠷᠢᠭ ᠨᠡᠢᠲᠡ ᠰᠠᠶᠢ ᠵᠢᠷᠭᠤᠭᠠᠨ ᠮᠢᠩᠭᠠᠨ᠂ ᠰᠢᠶᠠ ᠤᠯᠤᠰ ᠤ᠋ᠨ ᠴᠡᠷᠢᠭ ᠠᠷᠪᠠᠨ ᠲᠦᠮᠡᠨ ᠲᠤᠯᠠ ᠶᠠᠭᠤᠨᠠᠢ ᠲᠤᠯᠵᠤ ᠴᠢᠳᠠᠬᠤ ᠪᠣᠢ ! ᠲᠡᠳᠦᠢ ᠭᠤᠷᠪᠠᠨ ᠡᠳᠦᠷ ᠬᠠᠭᠤᠷᠮᠠᠭᠯᠠᠨ ᠪᠠᠢᠯᠳᠤᠬᠤᠢ ᠳ᠋ᠤᠷ ᠰᠢᠶᠠ ᠤᠯᠤᠰ ᠤ᠋ᠨ ᠴᠡᠷᠢᠭ ᠶᠠᠳᠠᠩᠭᠢᠷᠠᠨ ᠵᠦᠳᠡᠵᠦ ᠤᠮᠳᠠᠭᠰᠠᠨ ᠳ᠋ᠤᠷ ᠰᠥᠨᠢ ᠪᠡᠷ ᠡᠮᠦᠨ᠎ᠡ ᠬᠠᠭᠠᠯᠬ᠎ᠠ ᠶ᠋ᠢ ᠨᠡᠭᠡᠭᠡᠵᠦ ᠥᠭᠭᠦᠭᠡᠳ ᠬᠣᠢᠲᠤ ᠬᠠᠭᠠᠯᠭ᠎ᠠ ᠪᠠᠷ ᠭᠠᠷᠴᠤ ᠬᠠᠭᠠᠭᠰᠠᠨ ᠴᠡᠷᠢᠭ ᠢ᠋ ᠨᠡᠪᠲᠡᠯᠦᠨ ᠭᠠᠷᠴᠤ ᠯᠦᠸᠸ ᠽᠢ ᠴᠧᠩ ᠦ᠋ᠨ ᠵᠦᠭ ᠢᠷᠡᠪᠡ᠃ ᠰᠢᠶᠠ ᠤᠯᠤᠰ ᠤ᠋ᠨ ᠴᠡᠷᠢᠭ ᠬᠤᠳᠠᠯ ᠢ᠋ ᠣᠯᠤᠭᠰᠠᠨ ᠲᠤᠯᠠ ᠨᠡᠬᠡᠭᠰᠡᠨ ᠦᠭᠡᠢ᠂ ᠳᠠᠭᠠᠯᠳᠤᠭ᠎ᠠ ᠰᠠᠷᠲᠠᠭᠴᠢᠨ ᠤ᠋ ᠠᠮᠪᠠᠭᠠᠢ ᠬᠠᠭᠠᠨ ᠪᠠᠰᠠ ᠬᠦᠷᠴᠦ ᠢᠷᠡᠭᠰᠡᠨ ᠳ᠋ᠦ᠍ᠷ ᠭᠣᠣ ᠯᠢᠩ ᠬᠦᠩ ᠶᠡᠬᠡᠯ᠎ᠡ ᠪᠠᠶᠠᠷᠯᠠᠵᠤ᠂ ᠳᠠᠷᠤᠢ ᠲᠡᠭᠦᠨ ᠢ᠋ ᠯᠦᠸᠸ ᠽᠢ ᠴᠧᠩ ᠬᠣᠲᠠ ᠶ᠋ᠢ ᠠᠪᠤᠷ᠎ᠠ ᠡᠴᠢ ᠭᠡᠮᠡᠨ ᠢᠯᠡᠭᠡᠪᠡ᠃ ᠲᠡᠳᠦᠢ ᠣᠯᠣᠭᠠᠢ ᠬᠣᠲᠠ ᠶ᠋ᠢ ᠰᠠᠬᠢᠭ᠍ᠰᠠᠨ ᠯᠢᠦ ᠵᠦᠩ ᠯᠦ᠍ ᠂ ᠯᠦᠸᠸ ᠽᠢ ᠴᠧᠩ  ᠬᠣᠲᠠ ᠳ᠋ᠤᠷ ᠣᠷᠣᠵᠤ ᠪᠠᠲᠤᠯᠠᠨ ᠰᠠᠬᠢᠭᠠᠳ ᠪᠠᠰᠠ ᠴᠡᠷᠢᠭ ᠰᠢᠬᠠᠮ ᠪᠣᠯᠤᠭᠰᠠᠨ ᠤᠴᠢᠷ ᠢ᠋ ᠲᠣᠳᠣᠷᠬᠠᠢᠯᠠᠨ ᠪᠢᠴᠢᠵᠦ ᠲᠠᠢᠹᠦ᠋ ᠮᠤᠬᠤᠯᠢ ᠳ᠋ᠤᠷ ᠮᠡᠳᠡᠭᠦᠯᠦᠨ ᠳᠣᠪᠲᠣᠯᠭᠠᠪᠠ᠃ ᠵᠢᠴᠢ ᠮᠡᠳᠡᠭᠡᠨ ᠦ᠌ ᠡᠯᠴᠢ ᠬᠠᠷᠠᠬᠠᠨ ᠳᠣᠪᠲᠣᠯᠬᠤᠶ᠎ᠠ ᠬᠠᠭᠠᠨ ᠤ᠋ ᠭᠡᠭᠡᠨ ᠬᠠᠷᠢᠨ ᠬᠡᠵᠢᠶᠡᠨᠡᠢ ᠶᠢᠰᠦᠨ ᠡᠩ ᠦ᠋ᠨ ᠠᠵᠢᠨᠠᠢ ᠮᠣᠷᠢᠨ ᠤ᠋ ᠪᠦᠷᠢᠨ ᠵᠢᠭ᠍ᠰᠠᠭᠠᠯ ᠢ᠋ᠶ᠋ᠠᠷ ᠰᠢᠶᠠ ᠤᠯᠤᠰ ᠤ᠋ᠨ ᠵᠦᠭ ᠢᠷᠡᠬᠦᠢ ᠳ᠋ᠦ᠍ᠷ ᠤᠴᠠᠷᠠᠵᠤ᠂ ᠶᠤᠸᠠᠨᠱᠤᠸᠠᠢ ᠶ᠋ᠢᠨ ᠴᠠᠴᠠᠷ ᠲᠤᠷ ᠮᠡᠳᠡᠭᠡ ᠶ᠋ᠢᠨ ᠪᠢᠴᠢᠭ ᠢ᠋ ᠪᠠᠷᠢᠪᠠ᠃ ᠮᠤᠬᠤᠯᠢ ᠪᠢᠴᠢᠭ ᠢ᠋ ᠦᠵᠡᠭᠡᠳ ᠯᠢᠦ ᠵᠦᠩ ᠯᠦ᠍ ᠶ᠋ᠢ ᠮᠠᠭᠲᠠᠨ ᠥᠭᠦᠯᠡᠷᠦᠨ: 《ᠦᠨᠡᠬᠡᠷ ᠠᠯᠲᠠᠨ ᠤᠯᠤᠰ ᠤ᠋ᠨ ᠬᠢᠲᠠᠳ ᠤ᠋ᠨ ᠤᠬᠠᠭᠠᠨ ᠭᠦᠨ ᠬᠣᠯᠠ᠂ ᠣᠯᠣᠭᠠᠢ ᠬᠣᠲᠠᠨ ᠢ᠋ ᠲᠡᠳᠦᠢᠬᠡᠨ ᠴᠡᠷᠢᠭ ᠢ᠋ᠶ᠋ᠡᠷ ᠦᠬᠦᠨ ᠰᠠᠬᠢᠵᠤ ᠠᠪᠲᠠᠬᠤ ᠠ᠋ᠴᠠ ᠡᠷᠳᠡᠰᠡ ᠬᠣᠲᠠᠨ ᠤ᠋ ᠳᠣᠲᠣᠷ᠎ᠠ ᠪᠠᠶᠠᠨ ᠢᠷᠭᠡᠴᠦᠳ ᠢ᠋ ᠬᠥᠭᠡᠭᠡᠨ ᠠᠴᠢᠷᠠᠭᠰᠠᠨ ᠠᠨᠤ ᠦᠨᠡᠬᠡᠷ ᠮᠡᠷᠭᠡᠨ ᠠᠷᠭ᠎ᠠ !》 ᠭᠡᠮᠡᠨ ᠬᠠᠭᠠᠨ ᠳ᠋ᠤᠷ ᠠᠢᠯᠠᠳᠬᠠᠵᠤ᠂ ᠯᠢᠦ ᠵᠦᠩ ᠯᠦ᠍ ᠶ᠋ᠢᠨ ᠬᠣᠲᠠᠨ ᠢ᠋ ᠠᠯᠳᠠᠭᠰᠠᠨ ᠶᠠᠯ᠎ᠠ ᠶ᠋ᠢ ᠬᠡᠯᠲᠦᠷᠢᠭᠦᠯᠵᠦ᠂ ᠬᠣᠣ ᠰᠠᠩ ᠬᠥᠮᠥᠷᠭᠡ ᠪᠠ ᠪᠠᠶᠠᠨ ᠢᠷᠭᠡᠴᠦᠳ ᠢ᠋ ᠬᠥᠭᠡᠭᠡᠵᠦ ᠠᠴᠢᠷᠠᠭᠰᠠᠨ ᠭᠠᠪᠢᠶ᠎ᠠ ᠳ᠋ᠤᠷ ᠱᠠᠩ ᠬᠦᠷᠲᠡᠭᠡᠨ ᠤᠷᠢᠳᠠ ᠶᠠᠪᠤᠭᠤᠯᠪᠠ᠃ ᠲᠡᠳᠦᠢ ᠡᠯᠴᠢ ᠡᠭᠡᠵᠦ ᠳᠣᠪᠲᠣᠯᠤᠨ ᠯᠦᠸᠸ ᠽᠢ ᠴᠧᠩ ᠳ᠋ᠦ᠍ᠷ ᠬᠦᠷᠴᠦ ᠵᠠᠬᠢᠶ᠎ᠠ ᠪᠢᠴᠢᠭ ᠪᠠ ᠱᠠᠩ ᠬᠡᠰᠢᠭ ᠢ᠋ ᠥᠭᠭᠦᠭᠰᠡᠨ ᠳ᠋ᠦ᠍ᠷ ᠭᠤᠷᠪᠠᠨ ᠲᠦᠰᠢᠮᠡᠯ ᠬᠠᠭᠠᠨ ᠤ᠋ ᠵᠦᠭ ᠬᠠᠨᠳᠤᠵᠤ ᠬᠣᠯᠠ ᠠ᠋ᠴᠠ ᠥᠭᠦᠯᠡᠷᠦᠨ : 《ᠪᠢᠳᠡ ᠦᠨᠡᠬᠡᠷ ᠲᠡᠭᠷᠢ ᠶ᠋ᠢᠨ ᠬᠥᠪᠡᠭᠦᠨ ᠦ᠌ ᠰᠠᠢᠳ ᠲᠦᠰᠢᠮᠡᠳ ᠪᠦᠷᠢᠳᠦᠭᠰᠡᠨ ᠤᠯᠤᠰ ᠲᠤᠷ ᠣᠯᠵᠤ ᠳᠠᠭᠠᠭᠰᠠᠨ ᠠᠵᠤᠭᠤ ! 》ᠭᠡᠮᠡᠨ ᠪᠠᠶᠠᠰᠤᠯᠳᠤᠵᠤ᠂ ᠬᠣᠲᠠᠯᠠ ᠣᠯᠠᠨ ᠴᠡᠷᠢᠭ ᠲᠦ᠍ᠷ ᠬᠠᠭᠠᠨ ᠤ᠋ ᠬᠡᠰᠢᠭ ᠱᠠᠩ ᠢ᠋ ᠲᠦᠭᠡᠭᠡᠵᠦ ᠨᠢᠭᠡᠨ ᠰᠡᠳᠬᠢᠯ ᠢ᠋ᠶ᠋ᠡᠷ ᠯᠦᠸᠸ ᠽᠢ ᠴᠧᠩ ᠢ᠋ ᠰᠠᠬᠢᠪᠠ᠃ 
       ᠲᠡᠨᠳᠡᠴᠡ ᠠᠮᠪᠠᠭᠠᠢ ᠬᠠᠭᠠᠨ ᠤ᠋ ᠴᠡᠷᠢᠭ ᠬᠠᠷᠠᠬᠠᠨ ᠶᠠᠭᠠᠷᠠᠨ ᠶᠠᠪᠤᠵᠤ ᠯᠦᠸᠸ ᠽᠢ ᠴᠧᠩ ᠢ᠋ ᠠᠪᠤᠷ᠎ᠠ ᠢᠷᠡᠬᠦᠢ ᠳ᠋ᠦ᠍ᠷ ᠴᠡᠷᠢᠭ ᠦ᠋ᠨ ᠡᠮᠦᠨ᠎ᠡ ᠶᠠᠪᠤᠬᠤ ᠲᠤᠷᠰᠢᠭᠤᠯ ᠤ᠋ᠨ ᠬᠥᠮᠦᠨ ᠢᠷᠡᠵᠦ ᠮᠡᠳᠡᠭᠦᠯᠦᠷᠦᠨ :《ᠮᠣᠩᠭᠣᠯ ᠤ᠋ᠨ ᠴᠡᠷᠢᠭ ᠪᠠᠢᠭᠠᠯ ᠮᠥᠷᠡᠨ ᠦ᠌ ᠴᠠᠭᠠᠨ᠎ᠠ ᠬᠦᠷᠴᠦ ᠢᠷᠡᠪᠡ᠃ ᠲᠡᠭᠦᠨ ᠦ᠌ ᠨᠡᠢᠲᠡ ᠴᠡᠷᠢᠭ ᠠᠷᠪᠠᠨ ᠲᠠᠪᠤᠨ ᠲᠦᠮᠡᠨ ᠡᠴᠡ ᠬᠡᠲᠦᠷᠡᠬᠦ ᠦᠭᠡᠢ᠃ 》ᠬᠡᠮᠡᠬᠦᠢ ᠳ᠋ᠦ᠍ᠷ ᠠᠮᠪᠠᠭᠠᠢ ᠬᠠᠭᠠᠨ ᠶᠡᠬᠡᠯ᠎ᠡ ᠪᠠᠶᠠᠷᠯᠠᠨ ᠯᠦᠸᠸ ᠽᠢ ᠴᠧᠩ ᠢ᠋ ᠬᠠᠭᠠᠬᠤ ᠪᠠᠨ ᠪᠠᠢᠭᠠᠳ ᠳᠠᠷᠤᠢ ᠴᠡᠷᠢᠭ ᠢ᠋ᠶ᠋ᠡᠨ ᠬᠥᠭᠡᠭᠡᠵᠦ ᠪᠠᠢᠭᠠᠯ ᠮᠥᠷᠡᠨ ᠦ᠌ ᠬᠢᠵᠠᠭᠠᠷ᠎ᠠ ᠤᠭᠲᠤᠨ ᠬᠦᠷᠴᠦ ᠢᠷᠡᠭᠰᠡᠨ ᠳ᠋ᠦ᠍ᠷ ᠮᠣᠩᠭᠣᠯ ᠤ᠋ᠨ ᠴᠡᠷᠢᠭ ᠶᠠᠭᠠᠷᠠᠨ ᠬᠦᠷᠢᠶ᠎ᠡ ᠶ᠋ᠢ ᠰᠠᠯᠭᠠᠨ ᠪᠠᠭᠤᠵᠤ ᠪᠠᠢᠯᠳᠤᠬᠤ ᠶ᠋ᠢ ᠪᠡᠯᠡᠳᠬᠡᠵᠦ᠂ ᠵᠢᠴᠢ ᠡᠳᠦᠷ ᠬᠤᠢᠯᠠᠳᠠᠷ ᠬᠣᠰᠢᠭᠤᠴᠢ ᠤᠭᠲᠤᠵᠤ ᠴᠡᠷᠢᠭ ᠢ᠋ᠶ᠋ᠡᠨ ᠵᠠᠰᠠᠪᠠ᠃ ᠠᠮᠪᠠᠭᠠᠢ ᠬᠠᠭᠠᠨ ᠵᠢᠭ᠍ᠰᠠᠭᠠᠯ ᠠ᠋ᠴᠠ ᠭᠠᠷᠴᠤ ᠢᠷᠡᠭᠡᠳ :《ᠣᠨᠴᠠ ᠮᠣᠩᠭᠣᠯ ᠤ᠋ᠨ ᠡᠵᠡᠨ ᠲᠡᠮᠦᠵᠢᠨ ᠢ᠋ ᠭᠠᠷᠴᠤ ᠢᠷ᠎ᠡ᠂ ᠪᠤᠰᠤ ᠪᠣᠭᠣᠯᠴᠤᠳ ᠨᠠᠳᠠ ᠯᠤᠭ᠎ᠠ ᠪᠠᠢᠯᠳᠤᠵᠤ ᠦᠯᠦ ᠲᠡᠩᠴᠡᠮᠦᠢ ! 》ᠭᠡᠮᠡᠨ ᠪᠠᠷᠬᠢᠷᠠᠬᠤᠢ ᠳ᠋ᠤᠷ ᠬᠤᠢᠯᠠᠲᠠᠷ ᠬᠣᠰᠢᠭᠤᠴᠢ ᠶᠡᠬᠡᠯ᠎ᠡ ᠠᠭᠤᠷᠯᠠᠨ ᠭᠠᠷᠴᠤ ᠥᠨᠳᠥᠷ ᠳᠠᠭᠤᠨ ᠢ᠋ᠶ᠋ᠠᠷ ᠬᠠᠷᠢᠶᠠᠨ ᠥᠭᠦᠯᠡᠷᠦᠨ :《ᠰᠡᠯᠲᠡ ᠶ᠋ᠢᠨ ᠳᠣᠲᠣᠷᠠᠬᠢ ᠰᠠᠷᠲᠠᠭᠴᠢᠨ ᠦ ᠪᠣᠭᠣᠯ᠂ ᠠᠯᠠ ᠶ᠋ᠢᠨ ᠬᠣᠭᠣᠷᠣᠨᠳᠣᠬᠢ ᠠᠮᠪᠠᠭᠠᠢ ᠠᠳᠤᠭᠤᠰᠤ᠂ ᠠᠶᠤᠮᠰᠢᠭ᠋ ᠦᠭᠡᠢ ᠴᠢ ᠪᠡᠶ᠎ᠡ ᠪᠡᠨ ᠶᠠᠭᠤᠨ ᠪᠣᠯᠭᠠᠨ ᠰᠠᠨᠠᠵᠤ᠂ ᠮᠠᠨ ᠤ᠋ ᠲᠡᠭᠷᠢ ᠡᠵᠡᠨ ᠯᠦ᠍ᠭᠡ ᠲᠡᠮᠡᠴᠡᠰᠦᠭᠡᠢ ᠬᠡᠮᠡᠮᠦᠢ ? 》ᠭᠡᠮᠡᠨ ᠡᠰᠡᠷᠭᠦ ᠢᠨᠦ ᠴᠢᠨᠣ᠎ᠠ ᠶ᠋ᠢᠨ ᠰᠢᠳᠦᠲᠦ ᠪᠢᠯᠠᠭᠤ ᠪᠠᠨ ᠪᠠᠷᠢᠵᠤ ᠴᠣᠬᠢᠨ ᠣᠷᠣᠭᠰᠠᠨ ᠳ᠋ᠤᠷ ᠠᠮᠪᠠᠭᠠᠢ ᠶᠡᠬᠡᠯ᠎ᠡ ᠠᠭᠤᠷᠯᠠᠵᠤ ᠤᠭᠲᠤᠨ ᠣᠷᠣᠵᠤ ᠪᠠᠢᠯᠳᠤᠭᠠᠳ ᠲᠠᠪᠢᠨ ᠤᠳᠠᠭ᠎ᠠ ᠵᠥᠷᠢᠴᠡᠯᠳᠦᠵᠦ ᠠᠮᠪᠠᠭᠠᠢ᠂ ᠬᠣᠢᠯᠠᠲᠠᠷ ᠬᠣᠰᠢᠭᠤᠴᠢ ᠶ᠋ᠢ ᠰᠠᠢᠰᠢᠶᠠᠨ ᠥᠭᠦᠯᠡᠷᠦᠨ :《ᠡᠨᠡ ᠬᠤᠯᠵᠢᠨ ᠬᠦᠦ ᠶ᠋ᠢ ᠭᠠᠢᠭᠤᠢ ᠡᠴᠢᠭᠡ ᠬᠢᠵᠦᠬᠦᠢ ! 》 ᠭᠡᠮᠡᠨ ᠮᠠᠭᠲᠠᠬᠤᠢ ᠳ᠋ᠤᠷ ᠬᠣᠢᠯᠠᠳᠠᠷ ᠬᠣᠰᠢᠭᠤᠴᠢ ᠬᠠᠷᠢᠶᠠᠨ ᠥᠭᠦᠯᠡᠷᠦᠨ :《ᠰᠠᠮᠵᠡᠨ ᠦ᠌ ᠰᠢᠭᠡᠰᠦ ᠰᠠᠷᠲᠠᠭᠴᠢᠨ᠂ ᠠᠳᠤᠭᠤᠰᠤ ᠶ᠋ᠢᠨ ᠵᠤᠯᠵᠠᠭ᠎ᠠ ᠠᠮᠪᠠᠭᠠᠢ ᠠᠮᠠᠨ ᠤ᠋ ᠳᠤᠷ᠎ᠠ ᠪᠠᠷ ᠪᠢᠲᠡᠭᠡᠢ ᠴᠠᠯᠴᠢ !》ᠭᠡᠮᠡᠨ ᠪᠠᠰᠠ ᠲᠠᠪᠢᠨ ᠤᠳᠠᠭ᠎ᠠ ᠪᠠᠢᠯᠳᠤᠵᠤ᠂ ᠬᠣᠶᠠᠷ ᠡᠲᠡᠭᠡᠳ ᠦ᠋ᠨ ᠵᠠᠩᠵᠤᠨ ᠦᠨᠡᠬᠡᠷ ᠡᠩ ᠳᠠᠩ ᠦᠭᠡᠢ᠂ ᠰᠠᠷᠲᠠᠭᠴᠢᠨ ᠤ᠋ ᠬᠠᠭᠠᠨ ᠠᠮᠪᠠᠭᠠᠢ ᠶ᠋ᠢᠨ ᠪᠡᠶ᠎ᠡ ᠶᠡᠬᠡ ᠬᠦᠴᠦᠨ ᠦᠯᠡᠮᠵᠢ ᠰᠦᠷ ᠲᠡᠢ ᠦᠵᠡᠭᠳᠡᠬᠦᠢ ᠳ᠋ᠦ᠍ᠷ ᠮᠤᠬᠤᠯᠢ ᠬᠠᠷᠠᠩᠭ᠎ᠠ ᠴᠣᠬᠢᠵᠤ ᠴᠡᠷᠢᠭ ᠬᠤᠷᠢᠶᠠᠪᠠ᠃ ᠠᠮᠪᠠᠭᠠᠢ ᠮᠥᠨ ᠡᠭᠡᠵᠦ ᠮᠣᠷᠢ ᠬᠠᠯᠠᠨ ᠤᠨᠤᠵᠤ ᠭᠠᠷᠴᠤ ᠢᠷᠡᠭᠡᠳ ᠡᠷᠬᠡᠪᠰᠢ ᠬᠣᠢᠯᠠᠳᠠᠷ ᠢ᠋ ᠭᠠᠷᠭᠠᠵᠤ ᠡᠷᠡᠭᠴᠢᠨ ᠡᠮᠡᠭᠴᠢᠨ ᠢ᠋ ᠢᠯᠭᠠᠰᠤᠭᠠᠢ ᠬᠡᠮᠡᠬᠦᠢ ᠳ᠋ᠦ᠍ᠷ ᠬᠣᠢᠯᠠᠲᠠᠷ ᠬᠣᠰᠢᠭᠤᠴᠢ ᠮᠥᠨ ᠭᠠᠷᠰᠤᠭᠠᠢ ᠬᠡᠮᠡᠬᠦᠢ ᠳ᠋ᠦ᠍ᠷ ᠵᠦᠯᠭᠡᠲᠡᠢ ᠪᠠᠭᠠᠲᠤᠷ ᠥᠭᠦᠯᠡᠷᠦᠨ :《ᠡᠨᠡ ᠠᠮᠪᠠᠭᠠᠢ ᠬᠠᠭᠠᠨ ᠦᠨᠡᠬᠡᠷ ᠮᠠᠰᠢ ᠪᠠᠭᠠᠲᠤᠷ᠂ ᠥᠴᠦᠬᠡᠨ ᠵᠠᠩᠵᠤᠨ ᠭᠠᠷᠴᠤ ᠨᠢᠭᠡᠨ ᠵᠡᠷᠭᠡ ᠪᠠᠢᠯᠳᠤᠨ ᠦᠵᠡᠰᠦᠭᠡᠢ ! 》 ᠬᠡᠮᠡᠬᠦᠢ ᠳ᠋ᠦ᠍ᠷ ᠮᠤᠬᠤᠯᠢ ᠵᠥᠪᠰᠢᠶᠡᠵᠦ ᠳᠠᠬᠢᠨ ᠪᠠᠢᠯᠳᠤᠭᠠᠨ ᠤ᠋ ᠬᠡᠩᠭᠡᠷᠭᠡ ᠶ᠋ᠢ ᠴᠣᠬᠢᠭᠤᠯᠵᠤ ᠵᠥᠯᠭᠡᠲᠡᠢ ᠪᠠᠭᠠᠲᠤᠷ ᠬᠣᠶᠠᠷ ᠭᠠᠩ ᠤ᠋ᠨ ᠲᠠᠰᠢᠭᠤᠷ ᠢ᠋ᠶ᠋ᠠᠨ ᠪᠠᠷᠢᠵᠤ ᠭᠠᠷᠴᠤ ᠢᠷᠡᠪᠡ᠃ 
       ᠠᠮᠪᠠᠭᠠᠢ ᠬᠠᠭᠠᠨ ᠥᠭᠦᠯᠡᠷᠦᠨ :《ᠲᠡᠷᠡ ᠬᠤᠯᠵᠢᠨ ᠬᠥᠪᠡᠭᠦᠨ ᠬᠡᠷᠬᠢᠪᠡ? 》 ᠵᠦᠯᠭᠡᠲᠡᠢ ᠥᠭᠦᠯᠡᠷᠦᠨ :《ᠲᠡᠢᠮᠦ ᠵᠠᠩᠵᠤᠨ ᠮᠠᠨ ᠤ᠋ ᠤᠯᠤᠰ ᠲᠤᠷ ᠲᠡᠷᠭᠡ ᠪᠡᠷ ᠲᠡᠭᠡᠭᠡᠵᠦ ᠲᠡᠮᠡᠭᠡ ᠪᠡᠷ ᠠᠴᠢᠪᠠᠴᠤ ᠪᠠᠷᠠᠬᠤ ᠦᠭᠡᠢ᠂ ᠴᠢ ᠲᠡᠭᠦᠨ ᠯᠦ᠍ᠭᠡ ᠵᠠᠭᠤᠨ ᠤᠳᠠᠭ᠎ᠠ ᠪᠠᠢᠯᠳᠤᠭᠠᠳ ᠳᠠᠷᠤᠢ ᠲᠡᠭᠦᠨ ᠢ᠋ ᠰᠠᠨᠠᠮᠤᠢ᠃ ᠨᠠᠳᠠ ᠯᠤᠭ᠎ᠠ ᠪᠠᠰᠠ ᠬᠣᠶᠠᠷ ᠵᠠᠭᠤᠨ ᠤᠳᠠᠭ᠎ᠠ ᠪᠠᠢᠯᠳᠤᠪᠠᠰᠤ ᠪᠠᠰᠠ ᠨᠠᠮᠠᠶ᠋ᠢ ᠰᠠᠨᠠᠬᠤ ᠪᠣᠯᠠᠢ᠃ ᠪᠠᠰᠠ ᠳᠡᠮᠡᠢᠯᠡ ᠪᠤᠬᠤᠷ ᠲᠤᠷ ᠮᠣᠳᠣ ᠰᠢᠭᠠᠭᠰᠠᠨ ᠰᠠᠷᠮᠠᠭ᠍ᠴᠢᠨ ᠮᠡᠲᠦ ᠪᠢᠲᠡᠭᠡᠢ ᠠᠭᠠᠰᠢᠯᠠ᠂ ᠪᠢᠳᠡ ᠬᠣᠶᠠᠭᠤᠯᠠ ᠪᠠᠢᠯᠳᠤᠨ ᠪᠠᠢᠵᠤ ᠮᠡᠳᠡᠰᠦᠭᠡᠢ ! 》ᠬᠡᠮᠡᠭᠰᠡᠨ ᠳ᠋ᠦ᠍ᠷ ᠠᠮᠪᠠᠭᠠᠢ ᠶᠡᠬᠡᠯ᠎ᠡ ᠎ᠡᠠᠭᠤᠷᠯᠠᠨ ᠨᠢᠭᠡᠨᠲᠡ ᠬᠠᠰᠬᠢᠷᠤᠨ ᠦᠰᠦᠷᠦᠨ ᠣᠷᠣᠵᠤ ᠪᠠᠢᠯᠳᠤᠪᠠ᠃ ᠬᠣᠶᠠᠷ ᠡᠲᠡᠭᠡᠳ ᠨᠢᠭᠡᠨ ᠠᠮᠢᠰᠬᠤᠯ ᠢ᠋ᠶ᠋ᠠᠷ ᠨᠢᠭᠡᠨ ᠵᠠᠭᠤᠨ ᠲᠠᠪᠢᠨ ᠤᠳᠠᠭ᠎ᠠ ᠵᠥᠷᠢᠴᠡᠯᠳᠦᠨ ᠪᠠᠢᠯᠳᠤᠵᠤ᠂ ᠠᠮᠪᠠᠭᠠᠢ ᠶ᠋ᠢᠨ ᠬᠦᠴᠦᠨ ᠠᠰᠤᠷᠤ ᠨᠡᠮᠡᠵᠦ ᠥᠴᠦᠬᠡᠨ ᠴᠦ᠍ ᠮᠢᠲᠠᠷᠠᠬᠤ ᠦᠭᠡᠢ ᠳ᠋ᠦ᠍ᠷ ᠮᠤᠬᠤᠯᠢ᠂ ᠬᠠᠭᠠᠨ ᠯᠤᠭ᠎ᠠ ᠦᠨᠡᠬᠡᠷ ᠬᠣᠯᠠ ᠠ᠋ᠴᠠ ᠦᠵᠡᠵᠦ ᠠᠮᠪᠠᠭᠠᠢ ᠶ᠋ᠢᠨ ᠴᠡᠷᠢᠭ ᠦ᠋ᠨ ᠡᠷᠳᠡᠮ ᠲᠦᠷᠢᠮᠡᠬᠡᠢ ᠬᠦᠴᠦᠨ ᠢ᠋ ᠮᠠᠭᠲᠠᠨ ᠰᠠᠢᠰᠢᠶᠠᠵᠤ ᠬᠡᠯᠡᠯᠴᠡᠬᠦᠢ ᠳ᠋ᠦ᠍ᠷ ᠬᠠᠭᠠᠨ ᠵᠠᠷᠯᠢᠭ ᠪᠣᠯᠤᠷᠤᠨ :《ᠶᠤᠸᠠᠨᠱᠤᠸᠠᠢ ᠴᠢ ᠲᠡᠷᠡ ᠠᠮᠪᠠᠭᠠᠢ ᠶ᠋ᠢᠨ ᠨᠢᠭᠡᠨ ᠵᠦᠢᠯ ᠦ᠋ᠨ ᠠᠯᠳᠠᠰᠢ ᠶ᠋ᠢ ᠦᠵᠡᠵᠦ ᠭᠠᠷᠪᠠᠤ ? ᠲᠡᠭᠦᠨ ᠦ᠌ ᠵᠡᠪᠰᠡᠭ ᠠᠰᠤᠷᠤ ᠬᠦᠨᠳᠦ ᠲᠤᠯᠠ ᠡᠴᠢᠵᠦ ᠢᠷᠡᠬᠦ ᠠᠨᠤ ᠨᠢᠭᠡᠨ ᠴᠢᠯᠥᠭᠡ ᠲᠡᠢ ᠪᠤᠰᠤ ᠤᠤ ? 》ᠬᠡᠮᠡᠭᠰᠡᠨ ᠳ᠋ᠦ᠍ᠷ ᠮᠤᠬᠤᠯᠢ ᠮᠥᠨ ᠭᠡᠮᠡᠨ ᠬᠠᠭᠠᠨ ᠤ᠋ ᠴᠡᠷᠢᠭ ᠦ᠋ᠨ ᠡᠷᠳᠡᠮ ᠢ᠋ ᠳᠣᠲᠣᠷ᠎ᠠ ᠪᠠᠨ ᠭᠠᠢᠬᠠᠪᠠ᠃ ᠲᠡᠳᠦᠢ ᠶᠠᠭᠠᠷᠠᠨ ᠬᠠᠷᠠᠩᠭ᠎ᠠ ᠴᠣᠬᠢᠭᠤᠯᠵᠤ ᠴᠡᠷᠢᠭ ᠬᠤᠷᠢᠶᠠᠬᠤᠢ ᠳ᠋ᠤᠷ ᠠᠮᠪᠠᠭᠠᠢ ᠬᠠᠭᠠᠨ ᠡᠭᠡᠨ ᠢᠷᠡᠵᠦ ᠡᠭᠡᠨᠡᠭᠲᠡ ᠪᠠᠢᠯᠳᠤᠮᠤᠢ ᠭᠡᠮᠡᠨ ᠬᠠᠷᠢᠶᠠᠬᠤᠢ ᠳ᠋ᠤᠷ ᠮᠤᠬᠤᠯᠢ ᠠᠷᠭ᠎ᠠ ᠦᠭᠡᠢ ᠭᠢᠯᠦᠭᠡᠨ ᠪᠠᠭᠠᠲᠤᠷ ᠢ᠋ ᠭᠠᠷᠭᠠᠪᠠ᠃ ᠭᠢᠯᠦᠭᠡᠨ ᠪᠠᠭᠠᠲᠤᠷ ᠬᠠᠷᠠᠬᠠᠨ ᠦᠵᠡᠵᠦ ᠪᠦᠬᠦᠯᠢ ᠪᠡᠶ᠎ᠡ ᠴᠡᠴᠡᠷᠬᠢᠯᠡᠵᠦ ᠪᠠᠢᠬᠤ ᠲᠤᠯᠠ ᠶᠡᠬᠡᠯ᠎ᠡ ᠪᠠᠶᠠᠷᠯᠠᠨ᠂ ᠶᠠᠭᠠᠷᠠᠨ ᠵᠢᠳᠠ ᠪᠠᠨ ᠠᠪᠴᠤ ᠪᠠᠢᠯᠳᠤᠷ᠎ᠠ ᠭᠠᠷᠤᠭᠰᠠᠨ ᠳ᠋ᠤᠷ ᠠᠮᠪᠠᠭᠠᠢ ᠬᠠᠭᠠᠨ ᠨᠡᠯᠢᠶᠡᠳ ᠰᠣᠴᠢᠵᠤ ᠬᠡᠳᠦ ᠬᠡᠳᠦᠨ ᠵᠢᠳᠠ ᠶ᠋ᠢ ᠠᠷᠠᠢᠬᠠᠨ ᠵᠠᠢᠯᠠᠭᠤᠯᠵᠤ᠂ ᠰᠠᠶᠢ ᠳᠠᠬᠢᠵᠤ ᠪᠠᠢᠯᠳᠤᠨ ᠡᠭᠦᠰᠬᠡᠵᠦ ᠬᠣᠶᠠᠷ ᠵᠠᠩᠵᠤᠨ ᠤ᠋ ᠬᠠᠷᠢᠯᠴᠠᠨ ᠢᠷᠡᠵᠦ ᠡᠴᠢᠨ ᠴᠠᠪᠴᠢᠬᠤ ᠵᠢᠳᠠᠯᠠᠬᠤ ᠲᠤᠯᠬᠤ ᠵᠠᠢᠯᠠᠭᠤᠯᠬᠤ ᠠᠨᠤ ᠦᠨᠡᠬᠡᠷ ᠯᠤᠤ ᠪᠠᠷᠰ ᠠᠪᠤᠯᠴᠠᠬᠤ ᠮᠡᠲᠦ᠃ ᠨᠢᠭᠡᠨ ᠠᠮᠢᠰᠬᠤᠯ ᠢ᠋ᠶ᠋ᠠᠷ ᠬᠣᠶᠠᠷ ᠵᠠᠭᠤᠨ ᠢᠯᠡᠭᠦᠦ ᠤᠳᠠᠭ᠎ᠠ ᠪᠠᠢᠯᠳᠤᠵᠤ᠂ ᠲᠡᠭᠷᠢ ᠣᠷᠣᠢ ᠪᠣᠯᠤᠭᠰᠠᠨ ᠳ᠋ᠤᠷ ᠬᠣᠶᠠᠷ ᠡᠲᠡᠭᠡᠳ ᠠᠳᠠᠯᠢ ᠪᠠᠷ ᠬᠠᠷᠠᠩᠭ᠎ᠠ ᠴᠣᠬᠢᠨ ᠴᠡᠷᠢᠭ ᠡᠭᠡᠬᠦᠢ ᠳ᠋ᠦ᠍ᠷ ᠠᠮᠪᠠᠭᠠᠢ ᠬᠠᠭᠠᠨ ᠵᠢᠭ᠍ᠰᠠᠭᠠᠯ ᠳ᠋ᠤᠷ ᠢ᠋ᠶ᠋ᠡᠨ ᠡᠭᠡᠬᠦᠢ ᠳ᠋ᠦ᠍ᠷ ᠪᠡᠶ᠎ᠡ ᠡᠭᠡᠵᠦ᠂ ᠮᠣᠩᠭᠣᠯ ᠴᠡᠷᠢᠭ ᠦ᠋ᠨ ᠵᠦᠭ ᠡᠷᠡᠬᠡᠢ ᠬᠤᠷᠤᠭᠤ ᠪᠠᠨ ᠭᠠᠷᠭᠠᠵᠤ ᠪᠠᠷᠬᠢᠷᠠᠨ ᠥᠭᠦᠯᠡᠷᠦᠨ :《ᠮᠣᠩᠭᠣᠯ ᠤᠯᠤᠰ ᠤ᠋ᠨ ᠨᠡᠷ᠎ᠡ ᠭᠠᠷᠤᠭᠰᠠᠨ ᠦᠨᠡᠬᠡᠷ ᠪᠤᠷᠤᠭᠤ ᠦᠭᠡᠢ᠂ ᠨᠠᠳᠠ ᠯᠤᠭ᠎ᠠ ᠲᠤᠯᠬᠤ ᠭᠤᠷᠪᠠᠨ ᠬᠥᠪᠡᠭᠦᠨ ᠪᠠᠢᠬᠤ ᠶ᠋ᠢᠨ ᠰᠢᠯᠲᠠᠭᠠᠨ ᠠᠵᠤᠭᠤ ! ᠬᠠᠢᠷᠠᠬᠠᠨ ᠴᠢᠳᠠᠪᠤᠷᠢᠲᠤ ᠭᠤᠷᠪᠠᠨ ᠬᠡᠦᠬᠡᠳ ᠶᠠᠭᠠᠬᠢᠨ ᠲᠡᠷᠡ ᠮᠡᠲᠦ ᠨᠢᠭᠡᠨ ᠲᠡᠮᠦᠵᠢᠨ ᠳ᠋ᠦ᠍ᠷ ᠪᠣᠭᠣᠯ ᠪᠣᠯᠤᠭᠰᠠᠨ ᠪᠣᠢ ! 》 ᠭᠡᠮᠡᠨ ᠴᠡᠷᠢᠭ ᠢ᠋ᠶ᠋ᠡᠨ ᠬᠤᠷᠢᠶᠠᠪᠠ᠃ ᠰᠥᠨᠢ ᠬᠠᠭᠠᠨ ᠮᠤᠬᠤᠯᠢ ᠪᠤᠭᠤᠷᠵᠢ ᠶ᠋ᠢᠨ ᠵᠦᠭ ᠥᠭᠦᠯᠡᠷᠦᠨ :《ᠡᠨᠡ ᠠᠮᠪᠠᠭᠠᠢ ᠦᠨᠡᠬᠡᠷ ᠪᠠᠭᠠᠲᠤᠷ᠂ ᠶᠠᠮᠪᠠᠷ ᠠᠷᠭ᠎ᠠ ᠪᠠᠷ ᠡᠨᠡ ᠬᠥᠮᠦᠨ ᠢ᠋ ᠣᠷᠣᠭᠤᠯᠤᠨ ᠠᠪᠤᠪᠠᠰᠤ ᠰᠠᠢᠨ?  ᠪᠢ ᠴᠡᠷᠢᠭ ᠠᠪᠴᠤ ᠭᠠᠳᠠᠭ᠍ᠰᠢ ᠶᠠᠪᠤᠭᠰᠠᠭᠠᠷ ᠭᠤᠴᠢᠨ ᠣᠨ ᠭᠠᠷᠪᠠ ᠡᠳᠦᠢ ᠬᠦᠷᠲᠡᠯ᠎ᠡ ᠡᠨᠡ ᠮᠡᠲᠦ ᠰᠠᠢᠨ ᠪᠠᠢᠯᠳᠤᠬᠤ ᠪᠠᠭᠠᠲᠤᠷ ᠢ᠋ ᠦᠵᠡᠭᠡᠳᠦᠢ᠂ ᠡᠨᠡ ᠠᠮᠪᠠᠭᠠᠢ ᠦᠨᠡᠬᠡᠷ ᠪᠠᠭᠠᠲᠤᠷ ᠪᠥᠭᠡᠳ ᠬᠤᠷᠴᠠ᠃ 》ᠬᠡᠮᠡᠭᠰᠡᠨ ᠳ᠋ᠦ᠍ᠷ ᠮᠤᠬᠤᠯᠢ ᠠᠢᠯᠠᠳᠬᠠᠷᠤᠨ᠂《ᠰᠠᠢᠳ ᠪᠢ ᠲᠡᠭᠦᠨ ᠦ᠌ ᠪᠠᠢᠳᠠᠯ ᠢ᠋ ᠦᠵᠡᠵᠦ ᠪᠠᠬᠠᠷᠬᠠᠨ ᠡᠢᠨ ᠰᠠᠨᠠᠭᠰᠠᠨ ᠪᠥᠯᠥᠭᠡ᠃ ᠬᠣᠢᠨ᠎ᠠ ᠲᠡᠭᠦᠨ ᠦ᠌ ᠬᠦᠷᠢᠶᠡᠨ ᠦ᠌ ᠣᠢᠷ᠎ᠠ ᠢᠷᠡᠬᠦᠢ ᠳ᠋ᠦ᠍ᠷ ᠲᠡᠭᠦᠨ ᠦ᠌ ᠰᠢᠨᠵᠢ ᠶ᠋ᠢ ᠦᠵᠡᠭᠦᠯᠦᠨ᠂ ᠪᠠᠭᠠᠲᠤᠷ ᠪᠣᠯᠪᠠᠴᠤ ᠪᠣᠳᠣᠯᠭ᠎ᠠ ᠦᠭᠡᠢ ᠬᠥᠮᠦᠨ᠂ ᠪᠠᠰᠠ ᠴᠤ᠌ ᠬᠥᠮᠦᠨ ᠦ᠌ ᠳᠣᠣᠷ᠎ᠠ ᠪᠠᠢᠬᠤ ᠬᠥᠮᠦᠨ ᠪᠤᠰᠤ᠃ ᠬᠠᠷᠢᠨ ᠴᠤ᠌ ᠡᠨᠡ ᠤᠳᠠᠭ᠎ᠠ ᠪᠠᠢᠯᠳᠤᠭᠠᠨ ᠳ᠋ᠤᠷ ᠪᠡᠶ᠎ᠡ ᠲᠡᠭᠦᠰᠬᠦ ᠪᠣᠢ ‍ᠶ᠎ᠠ᠂ ᠲᠡᠭᠦᠨ ᠦ᠌ ᠲᠡᠷᠡ ᠮᠡᠲᠦ ᠦᠮᠡᠬᠡᠢ ᠣᠮᠣᠭ ᠢ᠋ᠶ᠋ᠠᠷ ᠬᠢᠯᠪᠠᠷ ᠢ᠋ᠶ᠋ᠠᠷ ᠳᠠᠭᠠᠭᠤᠯᠤᠨ ᠦᠯᠦ ᠴᠢᠳᠠᠮᠤᠢ 》ᠬᠡᠮᠡᠪᠡ᠃ ᠵᠢᠴᠢ ᠡᠳᠦᠷ ᠭᠡᠭᠡᠷᠡᠮᠡᠭᠴᠡ ᠠᠮᠪᠠᠭᠠᠢ ᠪᠠᠰᠠ ᠵᠢᠭ᠍ᠰᠠᠭᠠᠯ ᠵᠢᠭ᠍ᠰᠠᠭᠠᠵᠤ ᠥᠴᠥᠭᠡᠳᠦᠷ ᠦ᠋ᠨ ᠭᠤᠷᠪᠠᠨ ᠬᠡᠦᠬᠡᠳ ᠢ᠋ ᠭᠠᠷᠭᠠᠵᠤ ᠢᠷ᠎ᠡ᠂ ᠪᠢ ᠲᠠᠭᠠᠯᠠᠵᠤ ᠪᠠᠶᠠᠷᠯᠠᠰᠤᠭᠠᠢ ᠬᠡᠮᠡᠬᠦᠢ ᠳ᠋ᠦ᠍ᠷ ᠮᠤᠬᠤᠯᠢ ᠰᠥᠪᠡᠭᠡᠲᠡᠢ ᠪᠠᠭᠠᠲᠤᠷ ᠢ᠋ ᠭᠠᠷᠭᠠᠵᠤ ᠢᠯᠡᠭᠡᠭᠰᠡᠨ᠎ᠡ᠂ ᠠᠮᠪᠠᠭᠠᠢ ᠰᠥᠪᠡᠬᠡᠲᠡᠢ ᠶ᠋ᠢᠨ ᠪᠡᠶ᠎ᠡ ᠶ᠋ᠢᠨ ᠶᠡᠬᠡ ᠶ᠋ᠢ ᠦᠵᠡᠭᠡᠳ ᠥᠭᠦᠯᠡᠷᠦᠨ : 《ᠡᠨᠡ ᠶᠡᠬᠡ ᠪᠡᠶ᠎ᠡ ᠲᠡᠢ ᠬᠥᠪᠡᠭᠦᠨ ᠢᠨᠦ ᠯᠠᠪ ᠪᠠᠰᠠ ᠬᠡᠳᠦᠨᠲᠡ ᠪᠥᠵᠢᠭᠯᠡᠨ ᠴᠢᠳᠠᠬᠤ ᠪᠣᠢ ‍ᠶ᠎ᠠ ? 》ᠭᠡᠮᠡᠨ ᠪᠠᠰᠠ ᠤᠭᠲᠤᠨ ᠣᠷᠣᠵᠤ ᠪᠠᠢᠯᠳᠤᠨ ᠬᠣᠶᠠᠷ ᠵᠠᠭᠤᠨ ᠤᠳᠠᠭ᠎ᠠ ᠪᠣᠯᠪᠠ᠃ ᠲᠡᠳᠦᠢ ᠬᠣᠶᠠᠷ ᠡᠲᠡᠭᠡᠳ ᠦ᠋ᠨ ᠴᠡᠷᠢᠭ ᠬᠡᠩᠭᠡᠷᠭᠡ ᠴᠠᠩ ᠢ᠋ᠶ᠋ᠠᠨ ᠴᠣᠬᠢᠵᠤ ᠬᠠᠰᠬᠢᠷᠤᠯᠳᠤᠬᠤ ᠮᠠᠭᠲᠠᠬᠤ ᠳᠠᠭᠤᠨ ᠳ᠋ᠤᠷ ᠠᠭᠤᠯᠠ ᠲᠠᠯ᠎ᠠ ᠠᠨᠢᠷᠯᠠᠮᠤᠢ᠃ ᠲᠡᠳᠦᠢ ᠬᠣᠶᠠᠷ ᠵᠠᠩᠵᠤᠨ ᠪᠠᠰᠠ ᠵᠢᠭ᠍ᠰᠠᠭᠠᠯ ᠳ᠋ᠤᠷ ᠡᠭᠡᠵᠦ ᠬᠠᠯᠠᠨ ᠭᠠᠷᠴᠤ ᠢᠷᠡᠭᠡᠳ ᠪᠠᠰᠠ ᠨᠠᠶᠠᠨ ᠤᠳᠠᠭ᠎ᠠ ᠪᠠᠢᠯᠳᠤᠲᠠᠯ᠎ᠠ ᠮᠤᠬᠤᠯᠢ ᠬᠠᠷᠠᠩᠭ᠎ᠠ ᠴᠣᠬᠢᠵᠤ ᠵᠠᠩᠵᠤᠨ ᠢ᠋ ᠤᠭᠲᠤᠨ ᠣᠷᠣᠭᠤᠯᠤᠭᠰᠠᠨ ᠳ᠋ᠤᠷ ᠠᠮᠪᠠᠭᠠᠢ ᠡᠭᠡᠨ ᠢᠷᠡᠵᠦ ᠬᠠᠷᠢᠶᠠᠨ ᠥᠭᠦᠯᠡᠷᠦᠨ : 《ᠮᠤᠩᠬᠠᠭ ᠵᠦᠨᠳᠡᠭᠦᠯ ᠮᠣᠩᠭᠣᠯ ᠶᠠᠭᠤᠨ ᠳ᠋ᠤᠷ ᠡᠨᠡ ᠮᠡᠲᠦ ᠪᠡᠷ ᠬᠣᠨᠢ ᠢᠮᠠᠭ᠎ᠠ ᠮᠡᠲᠦ ᠶᠣᠢᠯᠠᠵᠤ ᠶᠠᠩᠰᠢᠨ ᠠᠭᠠᠰᠢᠯᠠᠮᠤᠢ ? ᠬᠤᠷᠳᠤᠨ ᠲᠠᠨ ᠤ᠋ ᠲᠡᠷᠡ ᠲᠡᠮᠦᠵᠢᠨ ᠢ᠋ᠶ᠋ᠡᠨ ᠳᠠᠭᠤᠳᠠ ! 》 ᠬᠡᠮᠡᠬᠦᠢ ᠳ᠋ᠦ᠍ᠷ ᠮᠤᠬᠤᠯᠢ ᠲᠡᠷᠡ ᠳᠥᠷᠪᠡᠨ ᠵᠠᠩᠵᠤᠨ ᠢ᠋ ᠬᠡᠷᠬᠢᠪᠡᠴᠦ ᠭᠠᠷᠭᠠᠬᠤ ᠦᠭᠡᠢ᠂ ᠣᠨᠴᠠ ᠲᠣᠭᠲᠣᠩᠭᠣ᠌ ᠪᠠᠭᠠᠲᠤᠷ ᠢ᠋ ᠭᠠᠷᠭᠠᠭᠰᠠᠨ ᠳ᠋ᠤᠷ ᠲᠣᠭᠲᠣᠩᠭᠣ᠌ ᠪᠠᠭᠠᠲᠤᠷ ᠤ᠋ᠨ ᠲᠥᠷᠥᠭᠰᠡᠨ ᠪᠠᠢᠳᠠᠯ ᠰᠦᠷᠲᠡᠢ ᠭᠡᠷᠡᠯᠲᠡᠢ᠂ ᠪᠡᠶ᠎ᠡ ᠪᠢᠯᠳᠠᠷ ᠪᠦᠳᠦᠭᠦᠨ ᠶᠡᠬᠡ᠂ ᠴᠢᠷᠠᠢ ᠵᠢᠰᠦ ᠤᠯᠠᠢᠨ᠂ ᠰᠠᠬᠠᠯ ᠦᠰᠦ ᠰᠠᠢᠬᠠᠨ ᠢ᠋ ᠦᠵᠡᠭᠡᠳ ᠠᠮᠪᠠᠭᠠᠢ ᠪᠠᠶᠠᠷᠯᠠᠨ ᠥᠭᠦᠯᠡᠷᠦᠨ :《ᠡᠨᠡ ᠮᠣᠩᠭᠣᠯ ᠳ᠋ᠤᠷ ᠡᠯᠳᠡᠪ ᠮᠠᠭᠤ ᠤᠪᠠᠳᠢᠰ ᠪᠣᠢ᠂ ᠤᠯᠠᠮ ᠶᠠᠪᠤᠬᠤᠢ ᠳ᠋ᠤᠷ ᠬᠠᠷᠢᠨ ᠤᠯᠠᠮ ᠰᠠᠢᠨ ᠠᠨᠤ ᠭᠠᠷᠴᠤ ᠢᠷᠡᠵᠦ ᠪᠣᠢ᠂ ᠣᠳᠣ ᠬᠡᠳᠦᠨ ᠡᠳᠦᠷ ᠪᠣᠯᠪᠠᠰᠤ ᠲᠡᠷᠡ ᠲᠡᠮᠦᠵᠢᠨ ᠢᠨᠤ ᠴᠤ᠌ ᠭᠠᠷᠴᠤ ᠢᠷᠡᠬᠦ ᠦᠭᠡᠢ ᠬᠡᠮᠡᠮᠦᠢ ᠦᠦ ? 》ᠬᠡᠮᠡᠭᠡᠳ ᠮᠥᠨ ᠬᠦ᠌ ᠰᠠᠷᠠᠨ ᠰᠦᠬᠡ ᠪᠡᠨ ᠡᠷᠭᠢᠭᠦᠯᠦᠨ ᠣᠷᠣᠵᠤ ᠢᠷᠡᠬᠦᠢ ᠳ᠋ᠦ᠍ᠷ ᠲᠣᠭᠲᠣᠩᠭᠣ᠌ ᠪᠠᠭᠠᠲᠤᠷ ᠣᠭᠲᠣ ᠶᠠᠭᠠᠷᠠᠬᠤ ᠦᠭᠡᠢ ᠶᠡᠬᠡ ᠳ᠋ᠠᠮ ᠢᠯᠳᠦ ᠪᠡᠨ ᠳᠠᠯᠠᠯᠤᠨ ᠣᠷᠣᠵᠤ ᠤᠭᠲᠤᠵᠤ ᠪᠠᠢᠯᠳᠤᠨ ᠨᠠᠷᠠᠨ ᠤᠨᠠᠲᠠᠯ᠎ᠠ ᠭᠤᠷᠪᠠᠨ ᠵᠠᠭᠤᠨ ᠤᠳᠠᠭ᠎ᠠ ᠵᠥᠷᠢᠴᠡᠯᠳᠦᠵᠦ᠂ ᠬᠣᠶᠠᠷ ᠴᠡᠷᠢᠭ ᠠᠳᠠᠯᠢ ᠪᠠᠷ ᠬᠠᠷᠠᠩᠭ᠎ᠠ ᠴᠣᠬᠢᠵᠤ ᠡᠭᠡᠬᠦᠢ ᠳ᠋ᠦ᠍ᠷ ᠠᠮᠪᠠᠭᠠᠢ ᠪᠠᠰᠠ ᠲᠡᠷᠢᠭᠦᠨ ᠡᠭᠡᠵᠦ ᠡᠷᠡᠬᠡᠢ ᠬᠤᠷᠤᠭᠤ ᠪᠠᠨ ᠭᠠᠷᠭᠠᠵᠤ ᠪᠠᠶᠠᠷᠯᠠᠨ ᠮᠠᠭᠲᠠᠨ ᠥᠭᠦᠯᠡᠷᠦᠨ :《ᠪᠢ ᠡᠬᠡ ᠡᠴᠡ ᠪᠡᠨ ᠲᠥᠷᠥᠵᠦ ᠡᠷ᠎ᠡ ᠶ᠋ᠢᠨ ᠡᠷᠳᠡᠮ ᠢ᠋ ᠰᠤᠷᠤᠭᠰᠠᠭᠠᠷ ᠡᠨᠡ ᠡᠳᠦᠷ ᠰᠠᠶᠢ ᠳᠣᠲᠣᠷ᠎ᠠ ᠪᠠᠨ ᠠᠭᠤᠵᠢᠷᠠᠲᠠᠯ᠎ᠠ ᠪᠠᠢᠯᠳᠤᠪᠠ᠃ ᠮᠣᠩᠭᠣᠯ ᠤ᠋ᠨ ᠡᠨᠡ ᠲᠠᠪᠤᠨ ᠬᠥᠪᠡᠭᠦᠨ ᠢ᠋ ᠪᠢ ᠦᠨᠡᠬᠡᠷ ᠡᠨᠡᠷᠢᠨ ᠥᠷᠥᠰᠢᠶᠡᠮᠦᠢ᠃ ᠮᠣᠩᠭᠣᠯ ᠢ᠋ ᠡᠵᠡᠯᠡᠭᠰᠡᠨ ᠬᠣᠢᠨ᠎ᠠ ᠳᠠ ᠲᠠᠪᠤᠭᠤᠯᠠ ᠶ᠋ᠢ ᠬᠥᠪᠡᠭᠦᠨ ᠢ᠋ᠶ᠋ᠡᠨ ᠪᠣᠯᠭᠠᠵᠤ ᠲᠡᠵᠢᠭᠡᠰᠦᠭᠡᠢ᠃ 》ᠭᠡᠮᠡᠨ ᠵᠢᠭ᠍ᠰᠠᠭᠠᠯ ᠳ᠋ᠤᠷ ᠢ᠋ᠶ᠋ᠠᠨ ᠣᠷᠣᠭᠰᠠᠨ ᠳ᠋ᠤᠷ ᠬᠣᠶᠠᠷ ᠡᠲᠡᠭᠡᠳ ᠦ᠋ᠨ ᠴᠡᠷᠢᠭ ᠴᠥᠮ ᠬᠦᠷᠴᠢᠭᠢᠨᠡᠲᠡᠯ᠎ᠡ ᠢᠨᠢᠶᠡᠯᠴᠡᠪᠡ᠃ ᠰᠥᠨᠢ ᠵᠤᠯᠠ ᠶ᠋ᠢᠨ ᠳᠣᠣᠷ᠎ᠠ ᠬᠠᠭᠠᠨ ᠲᠠᠪᠤᠨ ᠪᠠᠷᠰ ᠤ᠋ᠨ ᠵᠠᠩᠵᠤᠨ ᠢ᠋ ᠳᠠᠭᠤᠳᠠᠵᠤ ᠠᠮᠪᠠᠭᠠᠢ ᠶ᠋ᠢᠨ ᠪᠠᠭᠠᠲᠤᠷ ᠢ᠋ ᠠᠰᠠᠭᠤᠭᠰᠠᠨ ᠳ᠋ᠤᠷ ᠲᠠᠪᠤᠭᠤᠯᠠ ᠴᠥᠮ ᠰᠠᠢᠰᠢᠶᠠᠨ ᠮᠠᠭᠲᠠᠬᠤᠢ ᠳ᠋ᠤᠷ ᠬᠠᠭᠠᠨ ᠪᠠᠰᠠ ᠲᠡᠭᠦᠨ ᠢ᠋ ᠳᠠᠭᠠᠭᠤᠯᠬᠤ ᠠᠷᠭ᠎ᠠ ᠶ᠋ᠢ ᠵᠥᠪᠳᠡᠬᠦᠢ ᠳ᠋ᠦ᠍ᠷ ᠪᠤᠭᠤᠷᠵᠢ ᠠᠢᠯᠠᠳᠬᠠᠷᠤᠨ :《ᠲᠡᠭᠦᠨ ᠦ᠌ ᠬᠦᠴᠦᠨ ᠢ᠋ ᠮᠤᠬᠤᠭᠠᠯ ᠦᠭᠡᠢ ᠬᠡᠷᠬᠢᠪᠡᠴᠦ ᠳᠠᠭᠠᠭᠤᠯᠤᠨ ᠴᠢᠳᠠᠬᠤ ᠦᠭᠡᠢ᠃ ᠬᠡᠳᠦᠢ ᠠᠷᠭ᠎ᠠ ᠪᠠᠷ ᠭᠡᠨᠡᠳᠡᠭᠦᠯᠦᠨ ᠪᠠᠷᠢᠪᠠᠴᠤ ᠲᠡᠷᠡ ᠪᠠᠰᠠ ᠬᠦ᠌ ᠪᠢᠰᠢᠷᠡᠬᠦ ᠦᠭᠡᠢ᠂ ᠡᠭᠡᠨᠡᠭᠲᠡ ᠬᠦᠴᠦᠨ ᠴᠢᠳᠠᠯ ᠳ᠋ᠤᠷ ᠢ᠋ᠶ᠋ᠠᠨ ᠣᠮᠣᠷᠬᠠᠭᠯᠠᠮᠤᠢ᠃ ᠲᠡᠢᠨ ᠬᠦ᠌ ᠬᠡᠳᠦᠢ ᠳᠠᠭᠠᠪᠠᠴᠤ ᠶᠠᠮᠪᠠᠷ ᠠᠮᠲᠠ᠂ ᠭᠡᠳᠡᠷᠭᠦ ᠬᠠᠷᠢᠨ ᠰᠡᠷᠡᠮᠵᠢᠯᠡᠯ ᠢ᠋ ᠠᠯᠳᠠᠪᠠᠰᠤ ᠬᠣᠣᠷ ᠪᠣᠯᠬᠤ᠃ ᠮᠠᠷᠭᠠᠲᠠ ᠲᠣᠭᠲᠣᠩᠭᠣ᠌ ᠶ᠋ᠢᠨ ᠪᠠᠢᠯᠳᠤᠬᠤ ᠶ᠋ᠢ ᠦᠵᠡᠶ᠎ᠡ᠃ 》ᠬᠡᠮᠡᠭᠰᠡᠨ ᠳ᠋ᠦ᠍ᠷ ᠬᠠᠭᠠᠨ ᠮᠥᠨ ᠭᠡᠮᠡᠨ ᠵᠥᠪᠰᠢᠶᠡᠷᠡᠪᠡ᠃ ᠵᠢᠴᠢ ᠡᠳᠦᠷ ᠠᠮᠪᠠᠭᠠᠷ ᠪᠠᠰᠠ ᠢᠷᠡᠵᠦ ᠶᠡᠬᠡᠯ᠎ᠡ ᠪᠠᠶᠠᠷᠯᠠᠨ ᠢᠨᠢᠶᠡᠵᠦ ᠳᠠᠭᠤᠳᠠᠨ ᠥᠭᠦᠯᠡᠷᠦᠨ :《ᠮᠢᠨᠦ ᠬᠠᠢᠷᠠᠲᠤ ᠬᠡᠦᠬᠡᠳ ᠢ᠋ ᠬᠤᠷᠳᠤᠨ ᠭᠠᠷᠭ᠎ᠠ᠂ ᠪᠢ ᠪᠠᠢᠯᠳᠤᠵᠤ ᠳᠤᠷ᠎ᠠ ᠪᠠᠨ ᠰᠡᠷᠭᠦᠭᠡᠶ᠎ᠡ ! 》 ᠬᠡᠮᠡᠬᠦᠢ ᠳ᠋ᠦ᠍ᠷ ᠮᠤᠬᠤᠯᠢ ᠮᠥᠨ ᠢᠨᠢᠶᠡᠳᠦᠨ ᠠᠯᠳᠠᠵᠤ ᠲᠠᠪᠤᠨ ᠪᠠᠷᠰ ᠤ᠋ᠨ ᠵᠠᠩᠵᠤᠨ ᠪᠠ ᠲᠠᠢᠹᠦ᠋ ᠪᠤᠭᠤᠷᠵᠢ᠂ ᠥᠪᠡᠷ ᠦ᠋ᠨ ᠪᠡᠶ᠎ᠡ ᠲᠡᠷᠢᠭᠦᠯᠡᠨ ᠭᠠᠷᠴᠤ ᠵᠠᠩᠵᠤᠨ ᠨᠠᠷ ᠢ᠋ ᠲᠡᠷᠭᠡᠨ ᠦ᠌ ᠬᠦᠷᠳᠦ ᠮᠡᠲᠦ ᠬᠡᠯᠬᠢᠨ ᠭᠠᠷᠴᠤ ᠪᠠᠢᠯᠳᠤᠬᠤ ᠪᠠᠷ ᠲᠣᠭᠲᠠᠭᠠᠪᠠ᠃ ᠡᠭᠦᠨ ᠳ᠋ᠦ᠍ᠷ ᠬᠠᠭᠠᠨ ᠤ᠋ ᠭᠡᠭᠡᠨ ᠪᠠᠶᠠᠷᠯᠠᠨ ᠥᠭᠦᠯᠡᠷᠦᠨ :《ᠡᠨᠡ ᠤᠳᠠᠭ᠎ᠠ ᠴᠢᠪᠬᠢᠲᠡᠯ᠎ᠡ ᠬᠦᠯᠦᠭ ᠪᠤᠭᠤᠷᠵᠢ᠂ ᠴᠢᠯᠠᠭᠤ ᠨᠠᠷ ᠢ᠋ ᠤᠯᠤᠰ ᠲᠤᠷ ᠬᠣᠴᠣᠷᠭᠠᠭᠰᠠᠨ ᠦᠭᠡᠢ ᠰᠠᠢᠨ ᠪᠣᠯᠪᠠ ! 》ᠭᠡᠮᠡᠨ ᠬᠠᠭᠠᠨ ᠳᠠᠬᠢᠨ ᠵᠠᠩᠵᠤᠨ ᠨᠠᠷ ᠢ᠋ ᠰᠤᠷᠭᠠᠨ ᠥᠭᠦᠯᠡᠷᠦᠨ :《ᠵᠠᠩᠵᠤᠨ ᠨᠠᠷ ᠲᠠ ᠡᠨᠡ ᠤᠳᠠᠭ᠎ᠠ ᠬᠡᠷᠬᠢᠪᠡᠴᠦ ᠬᠣᠷᠢᠨ ᠤᠳᠠᠭ᠎ᠠ ᠠ᠋ᠴᠠ ᠢᠯᠡᠭᠦᠦ ᠪᠦᠦ ᠪᠠᠢᠯᠳᠤ᠂ ᠶᠠᠮᠠᠷᠪᠠ ᠬᠥᠮᠦᠨ ᠣᠮᠣᠭᠰᠢᠪᠠᠰᠤ ᠰᠡᠷᠡᠮᠵᠢ ᠦᠭᠡᠢ ᠪᠣᠯᠤᠮᠤᠢ᠂ ᠰᠡᠷᠡᠮᠵᠢ ᠦᠭᠡᠢ ᠪᠣᠯᠪᠠᠰᠤ ᠠᠯᠳᠠᠬᠤ ᠶ᠋ᠢᠨ ᠲᠡᠮᠳᠡᠭ᠂ ᠲᠠ ᠬᠢᠴᠢᠶᠡᠵᠦ ᠪᠠᠢᠯᠳᠤ᠂ ᠡᠷᠬᠡᠪᠰᠢ ᠲᠡᠭᠦᠨ ᠢ᠋ ᠪᠢᠰᠢᠷᠡᠭᠦᠯᠦᠨ ᠳᠠᠭᠠᠭᠤᠯᠰᠤᠭᠠᠢ 》ᠬᠡᠮᠡᠪᠡ᠃ ᠡᠭᠦᠨ᠎ᠡ ᠳᠠᠷᠤᠢ ᠬᠡᠩᠭᠡᠷᠭᠡ ᠴᠣᠬᠢᠨ ᠬᠠᠭᠠᠯᠭ᠎ᠠ ᠨᠡᠭᠡᠭᠡᠵᠦ ᠬᠣᠢᠯᠠᠲᠠᠷ ᠬᠣᠰᠢᠭᠤᠴᠢ ᠭᠠᠷᠴᠤ ᠢᠷᠡᠪᠡ᠃ 
       ᠠᠮᠪᠠᠭᠠᠢ ᠪᠠᠶᠠᠷᠯᠠᠨ ᠥᠭᠦᠯᠡᠷᠦᠨ :《ᠮᠢᠨᠦ ᠤᠤᠭᠠᠨ ᠬᠥᠪᠡᠭᠦᠨ ᠮᠢᠨᠦ ᠠᠢᠰᠤᠢ ! 》ᠭᠡᠮᠡᠨ ᠪᠠᠢᠯᠳᠤᠵᠤ ᠬᠣᠷᠢᠨ ᠤᠳᠠᠭ᠎ᠠ ᠪᠣᠯᠲᠠᠯ᠎ᠠ ᠵᠡᠭᠦᠨ ᠡᠴᠡ ᠵᠦᠯᠭᠡᠲᠡᠢ ᠪᠠᠭᠠᠲᠤᠷ ᠬᠦᠷᠴᠦ ᠢᠷᠡᠪᠡ᠃ ᠠᠮᠪᠠᠭᠠᠢ ᠥᠭᠦᠯᠡᠷᠦᠨ :《ᠮᠢᠨᠦ ᠳᠥᠷᠪᠡᠳᠦᠭᠡᠷ ᠬᠥᠪᠡᠭᠦᠨ ᠠᠢᠰᠤᠢ ! 》ᠭᠡᠮᠡᠨ ᠵᠦᠯᠭᠡᠲᠡᠢ ᠶ᠋ᠢ ᠤᠭᠲᠤᠵᠤ ᠪᠠᠢᠯᠳᠤᠪᠠ᠃ ᠬᠣᠢᠯᠠᠳᠠᠷ ᠡᠭᠡᠵᠦ ᠪᠠᠷᠠᠭᠤᠨ ᠵᠢᠭ᠍ᠰᠠᠭᠠᠯ ᠳ᠋ᠤᠷ ᠣᠷᠣᠪᠠ᠃ ᠠᠮᠪᠠᠭᠠᠢ ᠪᠠᠢᠯᠳᠤᠵᠤ ᠰᠠᠶᠢ ᠬᠣᠷᠢᠨ ᠤᠳᠠᠭ᠎ᠠ ᠪᠣᠯᠲᠠᠯ᠎ᠠ ᠪᠠᠷᠠᠭᠤᠨ ᠠ᠋ᠴᠠ ᠭᠢᠯᠥᠭᠡᠨ ᠪᠠᠭᠠᠲᠤᠷ ᠬᠦᠷᠴᠦ ᠢᠷᠡᠪᠡ᠃ ᠠᠮᠪᠠᠭᠠᠢ ᠪᠠᠷᠭᠢᠷᠤᠨ ᠢᠨᠢᠶᠡᠨ ᠥᠭᠦᠯᠡᠷᠦᠨ :《ᠮᠢᠨᠦ ᠭᠤᠷᠪᠠᠳᠤᠭᠠᠷ ᠬᠥᠪᠡᠭᠦᠨ ᠢᠷᠡᠪᠡ !》ᠭᠡᠮᠡᠨ ᠲᠣᠰᠴᠤ ᠠᠪᠤᠭᠰᠠᠨ ᠳ᠋ᠤᠷ ᠵᠥᠯᠭᠡᠲᠡᠢ ᠪᠠᠷᠠᠭᠤᠨ ᠵᠢᠭ᠍ᠰᠠᠭᠠᠯ ᠳ᠋ᠤᠷ ᠡᠭᠡᠪᠡ᠃ ᠲᠡᠳᠦᠢ ᠪᠠᠢᠯᠳᠤᠵᠤ ᠰᠠᠶᠢ ᠬᠣᠷᠢᠨ ᠤᠳᠠᠭ᠎ᠠ ᠪᠣᠯᠲᠠᠯ᠎ᠠ ᠵᠡᠭᠦᠨ ᠵᠢᠭ᠍ᠰᠠᠭᠠᠯ ᠠ᠋ᠴᠠ ᠰᠥᠪᠡᠭᠡᠲᠡᠢ ᠪᠠᠭᠠᠲᠤᠷ ᠬᠦᠷᠴᠦ ᠢᠷᠡᠭᠰᠡᠨ ᠳ᠋ᠦ᠍ᠷ ᠠᠮᠪᠠᠭᠠᠢ ᠪᠠᠰᠠ ᠢᠨᠢᠶᠡᠨ ᠥᠭᠦᠯᠡᠷᠦᠨ :《ᠮᠢᠨᠦ ᠬᠣᠶᠠᠳᠤᠭᠠᠷ ᠬᠥᠪᠡᠭᠦᠨ ᠬᠦᠷᠴᠦ ᠢᠷᠡᠪᠡ ! 》ᠭᠡᠮᠡᠨ ᠲᠣᠰᠴᠤ ᠪᠠᠢᠯᠳᠤᠭᠰᠠᠨ ᠳ᠋ᠤᠷ ᠭᠢᠯᠦᠭᠡᠨ ᠪᠠᠷᠠᠭᠤᠨ ᠵᠢᠭ᠍ᠰᠠᠭᠠᠯ ᠳ᠋ᠤᠷ ᠡᠭᠡᠪᠡ᠃ ᠲᠡᠳᠦᠢ ᠰᠠᠶᠢ ᠬᠣᠷᠢᠨ ᠤᠳᠠᠭ᠎ᠠ ᠪᠣᠯᠲᠠᠯ᠎ᠠ ᠵᠡᠭᠦᠨ ᠵᠢᠭ᠍ᠰᠠᠭᠠᠯ ᠠ᠋ᠴᠠ ᠲᠣᠭᠲᠣᠩᠭᠣ᠌ ᠪᠠᠭᠠᠲᠤᠷ ᠭᠠᠷᠴᠤ ᠢᠷᠡᠭᠰᠡᠨ ᠳ᠋ᠦ᠍ᠷ ᠠᠮᠪᠠᠭᠠᠢ ᠢᠨᠢᠶᠡᠨ ᠥᠭᠦᠯᠡᠷᠦᠨ : 《ᠮᠢᠨᠦ ᠶᠡᠬᠡ ᠬᠥᠪᠡᠭᠦᠨ ᠬᠦᠷᠴᠦ ᠢᠷᠡᠪᠡ ! 》 ᠭᠡᠮᠡᠨ ᠲᠣᠰᠴᠤ ᠠᠪᠤᠨ ᠪᠠᠢᠯᠳᠤᠬᠤᠢ ᠳ᠋ᠤᠷ ᠰᠥᠪᠡᠭᠡᠲᠡᠢ ᠪᠠᠭᠠᠲᠤᠷ ᠵᠡᠭᠦᠨ ᠵᠢᠭ᠍ᠰᠠᠭᠠᠯ ᠳ᠋ᠤᠷ ᠣᠷᠣᠵᠤ ᠡᠴᠢᠪᠡ᠃ ᠲᠡᠢᠨ ᠬᠦ᠌ ᠰᠠᠶᠢ ᠬᠣᠷᠢᠨ ᠤᠳᠠᠭ᠎ᠠ ᠪᠣᠯᠲᠠᠯ᠎ᠠ ᠵᠡᠭᠦᠨ ᠵᠢᠭ᠍ᠰᠠᠭᠠᠯ ᠠ᠋ᠴᠠ ᠪᠤᠭᠤᠷᠵᠢ ᠭᠠᠷᠴᠤ ᠢᠷᠡᠭᠰᠡᠨ ᠳ᠋ᠦ᠍ᠷ ᠠᠮᠪᠠᠭᠠᠢ ᠢᠨᠢᠶᠡᠨ ᠥᠭᠦᠯᠡᠷᠦᠨ : 《ᠡᠨᠡ ᠬᠠᠷᠢᠨ ᠭᠠᠬᠠᠢ ᠲᠥᠷᠥᠬᠦ ᠮᠡᠲᠦ ᠬᠣᠢᠨ᠎ᠠ ᠬᠣᠢᠨ᠎ᠠ ᠠ᠋ᠴᠠ ᠪᠠᠨ ᠴᠤᠪᠤᠷᠢᠮᠤᠢ ? 》ᠭᠡᠮᠡᠨ ᠶᠡᠬᠡᠯ᠎ᠡ ᠢᠨᠢᠶᠡᠨ ᠪᠤᠭᠤᠷᠵᠢ ᠯᠤᠭ᠎ᠠ ᠪᠠᠢᠯᠳᠤᠬᠤᠢ ᠳ᠋ᠤᠷ ᠳᠣᠭᠲᠣᠩᠭᠣ᠌ ᠪᠠᠷᠠᠭᠤᠨ ᠵᠢᠭ᠍ᠰᠠᠭᠠᠯ ᠳ᠋ᠤᠷ ᠣᠷᠣᠪᠠ᠃ ᠪᠤᠭᠤᠷᠵᠢ ᠯᠤᠭ᠎ᠠ ᠬᠣᠷᠢᠨ ᠤᠳᠠᠭ᠎ᠠ ᠪᠠᠢᠯᠳᠤᠬᠤᠢ ᠳ᠋ᠤᠷ ᠠᠮᠪᠠᠭᠠᠢ ᠥᠭᠦᠯᠡᠷᠦᠨ :《ᠡᠨᠡ ᠬᠥᠪᠡᠭᠦᠨ ᠲᠡᠷᠡ ᠲᠠᠪᠤᠨ ᠬᠥᠪᠡᠭᠦᠨ ᠡᠴᠡ ᠨᠡᠯᠢᠶᠡᠳ ᠥᠪᠡᠷ᠎ᠡ ᠰᠣᠨᠢᠨ ᠤᠪᠠᠳᠢᠰ ᠪᠣᠢ᠃ 》ᠬᠡᠮᠡᠲᠡᠯ᠎ᠡ ᠴᠢᠨᠠᠳᠤ ᠵᠢᠭ᠍ᠰᠠᠭᠠᠯ ᠠ᠋ᠴᠠ ᠮᠤᠬᠤᠯᠢ ᠭᠠᠷᠴᠤ ᠢᠷᠡᠭᠰᠡᠨ ᠳ᠋ᠦ᠍ᠷ ᠠᠮᠪᠠᠭᠠᠢ ᠶᠡᠬᠡᠯ᠎ᠡ ᠢᠨᠢᠶᠡᠨ ᠥᠭᠦᠯᠡᠷᠦᠨ :《ᠠᠳᠠᠪᠠᠰᠢ ᠬᠡᠳᠦᠢ ᠪᠣᠢ ᠪᠢ ᠬᠦᠯᠢᠶᠡᠶ᠎ᠡ ᠂ ᠬᠡᠳᠦᠢ ᠬᠦᠷᠲᠡᠯ᠎ᠡ ᠴᠤᠪᠤᠷᠢᠭᠤᠯᠤᠮᠤᠢ ? 》ᠭᠡᠮᠡᠨ ᠮᠤᠬᠤᠯᠢ ᠶ᠋ᠢ ᠲᠤᠯᠵᠤ ᠪᠠᠢᠯᠳᠤᠬᠤᠢ ᠳ᠋ᠤᠷ ᠪᠤᠭᠤᠷᠵᠢ ᠭᠠᠷᠤᠨ ᠵᠢᠭ᠍ᠰᠠᠭᠠᠯ ᠳ᠋ᠤᠷ ᠣᠷᠣᠪᠠ᠃ ᠡᠳᠡᠭᠡᠷ ᠨᠠᠢ᠍ᠮᠠᠨ ᠵᠠᠩᠵᠤᠨ ᠯᠤᠭ᠎ᠠ ᠪᠠᠢᠯᠳᠤᠬᠤᠢ ᠳ᠋ᠤᠷ ᠠᠮᠪᠠᠭᠠᠢ ᠥᠴᠦᠬᠡᠨ ᠴᠦ᠍ ᠠᠮᠢᠰᠬᠤᠯ ᠳᠠᠪᠬᠤᠷᠳᠠᠬᠤ ᠦᠭᠡᠢ᠂ ᠭᠠᠷ ᠰᠠᠮᠠᠭᠤᠷᠠᠬᠤ ᠦᠭᠡᠢ᠂ ᠮᠤᠬᠤᠯᠢ ᠯᠤᠭ᠎ᠠ ᠪᠠᠢᠯᠳᠤᠬᠤᠶ᠎ᠠ ᠮᠠᠭᠲᠠᠨ ᠥᠭᠦᠯᠡᠷᠦᠨ :《ᠠ᠋ ᠡᠨᠡ ᠰᠠᠶᠢ ᠮᠢᠨᠦ ᠲᠡᠩᠴᠡᠬᠦ ᠭᠠᠷ ᠮᠥᠨ᠃ ᠡᠨᠡ ᠬᠣᠵᠢᠮ ᠤ᠋ᠨ ᠬᠣᠶᠠᠷ ᠲᠠᠨᠢᠬᠤ ᠦᠭᠡᠢ ᠬᠡᠦᠬᠡᠳ ᠠᠳᠠᠪᠠᠰᠢ ᠪᠣᠯᠣᠮᠠᠰᠠ! 》 ᠬᠡᠮᠡᠬᠦᠢ ᠳ᠋ᠦ᠍ᠷ ᠮᠤᠬᠤᠯᠢ ᠳᠠᠷᠤᠢ ᠪᠠᠷᠠᠭᠤᠨ ᠵᠢᠭ᠍ᠰᠠᠭᠠᠯ ᠤ᠋ᠨ ᠵᠦᠭ ᠡᠭᠡᠬᠦᠢ ᠳ᠋ᠦ᠍ᠷ ᠠᠮᠪᠠᠭᠠᠢ ᠥᠭᠦᠯᠡᠷᠦᠨ :《ᠡᠨᠡ ᠶᠠᠮᠪᠠᠷ ᠪᠠᠭᠠᠲᠤᠳ ᠪᠣᠢ᠂ ᠰᠠᠶᠢ ᠪᠠᠬᠠᠨ ᠠᠮᠲᠠᠨ ᠳ᠋ᠤᠷ ᠣᠷᠣᠲᠠᠯ᠎ᠠ ᠳᠠᠷᠤᠢ ᠶᠠᠪᠤᠮᠤᠢ᠃ ᠪᠢᠳᠡ ᠲᠠᠨ ᠯᠤᠭ᠎ᠠ ᠨᠠᠭᠠᠳᠤᠷ᠎ᠠ ᠢᠷᠡᠭᠰᠡᠨ ᠪᠤᠰᠤ ᠶᠠᠭᠤᠨ ᠳ᠋ᠤᠷ ᠡᠢᠨ ᠬᠦ᠌ ᠠᠮᠲᠠ ᠦᠭᠡᠢ ᠪᠣᠢ ? 》ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳ ᠭᠡᠨᠡᠳᠲᠡ ᠶᠡᠬᠡ ᠴᠡᠷᠢᠭ ᠦ᠋ᠨ ᠳᠣᠲᠣᠷ᠎ᠠ ᠶᠡᠬᠡ ᠦᠬᠡᠷ ᠫᠤᠤ ᠲᠡᠭᠷᠢ ᠭᠠᠵᠠᠷ ᠳᠡᠯᠪᠡᠷᠡᠲᠡᠯ᠎ᠡ ᠳᠠᠭᠤᠷᠢᠰᠴᠤ ᠠᠯᠲᠠᠨ ᠬᠡᠩᠭᠡᠷᠭᠡ ᠳᠠᠭᠤᠷᠢᠰᠤᠨ᠂ ᠬᠠᠭᠠᠨ ᠤ᠋ ᠭᠡᠭᠡᠨ ᠰᠢᠳᠠᠷ ᠵᠠᠩᠵᠤᠨ ᠨᠠᠷ ᠢ᠋ ᠵᠠᠩᠳᠠᠨ ᠵᠠᠢᠯᠠᠭᠤᠯᠵᠤ ᠶᠡᠬᠡ ᠬᠠᠭᠠᠯᠭ᠎ᠠ ᠪᠠᠷ ᠬᠠᠰᠬᠢᠷᠤᠨ ᠨᠢᠰᠦᠨ ᠭᠠᠷᠴᠤ ᠢᠷᠡᠭᠰᠡᠨ ᠳ᠋ᠦ᠍ᠷ ᠣᠯᠠᠨ ᠰᠠᠢᠳ ᠶᠡᠬᠡᠯ᠎ᠡ ᠰᠣᠴᠢᠪᠠ᠃ ᠠᠮᠪᠠᠭᠠᠢ ᠦᠵᠡᠪᠡᠰᠦ ᠡᠨᠡ ᠭᠠᠷᠴᠤ ᠢᠷᠡᠭᠰᠡᠨ ᠵᠠᠩᠵᠤᠨ ᠪᠡᠶ᠎ᠡ ᠳ᠋ᠦ᠍ᠷ ᠴᠥᠮ ᠠᠯᠲᠠᠨ ᠯᠤᠤ ᠶ᠋ᠢᠨ ᠬᠤᠶᠠᠭ ᠳᠤᠭᠤᠯᠠᠭ᠎ᠠ᠂ ᠬᠠᠰ ᠭᠠᠷᠤᠳᠢ ᠶ᠋ᠢᠨ ᠪᠦᠰᠡ ᠣᠶᠣᠮᠠᠯ᠂ ᠭᠠᠷ ᠲᠤᠷ ᠭᠠᠩ ᠤ᠋ᠨ ᠵᠢᠳᠠ ᠪᠠᠷᠢᠵᠤ᠂ ᠯᠤᠤ ᠶ᠋ᠢᠨ ᠮᠣᠷᠢ ᠣᠨᠣᠵᠤᠬᠤᠢ᠃ ᠠᠮᠪᠠᠭᠠᠢ ᠨᠢᠳᠦ ᠡᠷᠭᠦᠨ ᠦᠵᠡᠭᠡᠳ ᠰᠡᠴᠡ ᠰᠣᠴᠢᠵᠤ ᠶᠠᠭᠠᠷᠠᠨ ᠵᠢᠷᠦᠬᠡ ᠪᠡᠨ ᠳᠠᠷᠤᠵᠤ ᠥᠭᠦᠯᠡᠷᠦᠨ :《ᠸᠠ ᠡᠨᠡ ᠢᠷᠡᠭᠰᠡᠨ ᠯᠠᠪ ᠲᠡᠮᠦᠵᠢᠨ ᠬᠥᠪᠡᠭᠦᠨ ᠪᠣᠢ ‍ᠶ᠎ᠠ᠂ ᠰᠢᠬᠠᠭᠰᠠᠭᠠᠷ ᠰᠢᠬᠠᠭᠰᠠᠭᠠᠷ ᠰᠢᠬᠠᠨ ᠭᠠᠷᠭᠠᠵᠤ ᠢᠷᠡᠪᠡ᠃ ᠪᠢ ᠴᠢᠮᠠᠶ᠋ᠢ ᠦᠵᠡᠪᠡᠰᠦ ᠦᠨᠡᠬᠡᠷ ᠰᠢᠪᠠᠷ ᠢ᠋ᠶ᠋ᠠᠷ ᠪᠦᠲᠦᠭᠡᠵᠦ᠂ ᠬᠥᠷᠥᠭ ᠦ᠋ᠨ ᠳᠡᠭᠡᠷ᠎ᠡ ᠵᠢᠷᠤᠭᠰᠠᠨ ᠬᠤᠪᠢᠯᠭᠠᠨ ᠰᠠᠬᠢᠭᠤᠯᠰᠤᠨ ᠮᠡᠲᠦ ᠰᠠᠢᠬᠠᠨ ᠪᠠᠢᠳᠠᠯᠲᠠᠢ 》ᠬᠡᠮᠡᠭᠡᠳ ᠠᠮᠪᠠᠭᠠᠢ ᠪᠠᠷᠬᠢᠷᠠᠨ ᠥᠭᠦᠯᠡᠷᠦᠨ :《ᠴᠢ ᠪᠠᠰᠠ ᠠᠶᠤᠮᠰᠢᠭ᠋ ᠦᠭᠡᠢ ᠠᠪᠤ ᠯᠤᠭ᠎ᠠ ᠪᠠᠨ ᠪᠠᠢᠯᠳᠤᠵᠤ ᠦᠵᠡᠮᠦᠢ ᠦᠦ ? 》ᠬᠡᠮᠡᠬᠦᠢ ᠳ᠋ᠦ᠍ᠷ ᠬᠠᠭᠠᠨ ᠵᠠᠷᠯᠢᠭ ᠪᠣᠯᠤᠷᠤᠨ :《ᠠᠮᠪᠠᠭᠠᠢ ᠴᠢ ᠠᠮᠠᠨ ᠤ᠋ ᠳᠤᠷ᠎ᠠ ᠪᠠᠷ ᠳᠡᠮᠡᠢ ᠪᠢᠲᠡᠭᠡᠢ ᠴᠠᠯᠴᠢ᠂ ᠲᠡᠭᠦᠨ ᠢ᠋ᠶ᠋ᠡᠷ ᠰᠠᠢᠨ ᠡᠷ᠎ᠡ ᠪᠣᠯᠵᠤ ᠦᠯᠦ ᠪᠣᠯᠤᠮᠤᠢ᠂ ᠪᠢ ᠴᠢᠨᠦ ᠡᠷ᠎ᠡ ᠶ᠋ᠢᠨ ᠡᠷᠳᠡᠮ ᠢ᠋ ᠠᠷᠪᠠᠨ ᠬᠤᠪᠢ ᠲᠣᠭᠣᠮᠵᠢᠯᠠᠨ ᠭᠠᠢᠬᠠᠮᠤᠢ᠃ ᠭᠠᠭᠴᠠ ᠴᠢᠮᠠᠶ᠋ᠢ ᠪᠠᠷᠢᠨ ᠠᠪᠴᠤ ᠳᠠᠭᠠᠭᠤᠯᠰᠤᠭᠠᠢ ᠬᠡᠮᠡᠮᠦᠢ᠃ ᠴᠢᠨᠦ ᠰᠠᠨᠠᠭᠠᠨ ᠢ᠋ᠶ᠋ᠠᠨ ᠬᠡᠯᠡ ! 》 ᠬᠡᠮᠡᠬᠦᠢ ᠳ᠋ᠦ᠍ᠷ ᠠᠮᠪᠠᠭᠠᠢ ᠬᠦᠩᠭᠢᠨᠡᠲᠡᠯ᠎ᠡ ᠶᠡᠬᠡᠯ᠎ᠡ ᠢᠨᠢᠶᠡᠨ ᠥᠭᠦᠯᠡᠷᠦᠨ :《ᠡᠨᠡ ᠬᠥᠪᠡᠭᠦᠨ ᠦ᠌ ᠦᠭᠡ ᠶᠠᠭᠤᠲᠠᠢ ᠶᠡᠬᠡ ? ᠠᠮᠪᠠᠭᠠᠢ ᠡᠴᠢᠭᠡ ᠪᠡᠨ ᠶᠠᠭᠠᠬᠢᠵᠤ ᠬᠡᠯᠡᠮᠦᠢ ? ᠴᠢᠨᠦ ᠪᠢᠴᠢᠬᠠᠨ ᠪᠤᠶᠠᠨ ᠡᠨᠡ ᠨᠢᠭᠡ ᠦᠭᠡ ᠳ᠋ᠦ᠍ᠷ ᠨᠢᠭᠡᠨᠲᠡ ᠪᠠᠭᠤᠷᠠᠵᠤ ᠡᠨᠡ ᠤᠳᠠᠭ᠎ᠠ ᠳ᠋ᠤᠷ ᠳᠠᠷᠤᠢ ᠨᠠᠳᠠ ᠳ᠋ᠤᠷ ᠠᠯᠠᠭᠳᠠᠬᠤ ᠪᠣᠯᠠᠢ᠂ ᠢᠨᠠᠭ᠍ᠰᠢ ᠢᠷ᠎ᠡ᠂ ᠢᠨᠠᠭ᠍ᠰᠢ ᠢᠷ᠎ᠡ ! 》 ᠬᠡᠮᠡᠬᠦᠢ ᠳ᠋ᠦ᠍ᠷ ᠬᠠᠭᠠᠨ ᠭᠡᠨᠡᠳᠲᠡ ᠬᠢᠯᠢᠩᠯᠡᠵᠦ ᠠᠶᠤᠩᠭ᠎ᠠ ᠮᠡᠲᠦ ᠵᠠᠩᠳᠠᠨ ᠣᠷᠣᠭᠰᠠᠨ ᠳ᠋ᠤᠷ ᠣᠯᠠᠨ ᠵᠠᠩᠵᠤᠨ ᠨᠠᠷ ᠬᠣᠷᠢᠭ᠍ᠯᠠᠨ ᠴᠢᠳᠠᠭᠰᠠᠨ ᠦᠭᠡᠢ᠃ ᠠᠮᠪᠠᠭᠠᠢ ᠲᠣᠰᠴᠤ ᠠᠪᠤᠨ ᠪᠠᠢᠯᠳᠤᠵᠤ ᠭᠠᠭᠴᠠ ᠤᠳᠠᠭ᠎ᠠ ᠪᠣᠯᠵᠤ ᠥᠭᠦᠯᠡᠷᠦᠨ :《ᠡᠨᠡ ᠬᠥᠪᠡᠭᠦᠨ ᠬᠠᠭᠠᠨ ᠪᠣᠯᠵᠤ ᠪᠣᠯᠤᠮᠤᠢ ! 》ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳ ᠬᠠᠭᠠᠨ ᠤ᠋ ᠭᠡᠭᠡᠨ ᠬᠡᠳᠦᠢᠨᠡᠢ ᠭᠠᠩ ᠤ᠋ᠨ ᠶ᠋ᠢᠳᠡ ᠪᠡᠷ ᠠᠮᠪᠠᠭᠠᠢ ᠬᠠᠭᠠᠨ ᠤ᠋ ᠬᠠᠵᠠᠭᠤ ᠠ᠋ᠴᠠ ᠨᠡᠪᠲᠡ ᠵᠢᠳᠠᠯᠠᠨ ᠭᠠᠷᠭᠠᠭᠰᠠᠨ ᠳ᠋ᠤᠷ ᠠᠮᠪᠠᠭᠠᠢ ᠬᠠᠭᠠᠨ ᠤ᠋ ᠶᠠᠰᠤ ᠡᠪᠳᠡᠷᠡᠭᠰᠡᠨ ᠢ᠋ᠶ᠋ᠡᠷ ᠰᠠᠷᠠᠨ ᠰᠦᠬᠡ ᠪᠡᠷ ᠪᠠᠢᠯᠳᠤᠵᠤ ᠴᠢᠳᠠᠬᠤ ᠦᠭᠡᠢ ᠪᠣᠯᠵᠤ᠂ ᠮᠣᠷᠢᠨ ᠠ᠋ᠴᠠ ᠤᠨᠠᠭᠰᠠᠨ ᠳ᠋ᠤᠷ ᠮᠣᠩᠭᠣᠯ ᠤᠯᠤᠰ ᠤ᠋ᠨ ᠴᠡᠷᠢᠭ ᠨᠢᠭᠡᠨᠲᠡ ᠬᠠᠰᠬᠢᠷᠤᠨ ᠣᠷᠣᠵᠤ ᠨᠠᠢ᠍ᠮᠠᠨ ᠶᠡᠬᠡ ᠵᠠᠩᠵᠤᠨ ᠤᠷᠤᠭ᠍ᠰᠢ ᠳᠠᠪᠰᠢᠨ ᠠᠮᠪᠠᠭᠠᠢ ᠶ᠋ᠢ ᠪᠠᠷᠢᠵᠤ ᠠᠪᠤᠭᠠᠳ ᠬᠠᠭᠠᠨ ᠤ᠋ ᠭᠡᠭᠡᠨ ᠲᠡᠷᠢᠭᠦᠯᠡᠵᠦ ᠶᠡᠬᠡ ᠲᠤᠭ ᠢ᠋ ᠨᠢᠭᠡᠨᠲᠡ ᠳᠠᠯᠠᠯᠤᠭᠰᠠᠨ ᠳ᠋ᠤᠷ ᠮᠣᠩᠭᠣᠯ ᠤ᠋ᠨ ᠴᠡᠷᠢᠭ ᠰᠠᠷᠲᠠᠭᠴᠢᠨ ᠤ᠋ ᠴᠡᠷᠢᠭ ᠢ᠋ ᠳᠠᠷᠤᠨ ᠣᠷᠣᠵᠤ᠂ ᠰᠠᠷᠲᠠᠭᠴᠢᠨ ᠤ᠋ ᠴᠡᠷᠢᠭ ᠡᠵᠡᠨ ᠢ᠋ᠶ᠋ᠡᠨ ᠠᠪᠲᠠᠭᠰᠠᠨ ᠢ᠋ ᠦᠵᠡᠭᠡᠳ ᠰᠥᠰᠥ ᠬᠡᠮᠬᠡᠷᠡᠵᠦ ᠨᠢᠭᠡᠨ ᠬᠥᠮᠦᠨ ᠴᠦ᠍ ᠳᠤᠲᠠᠭᠠᠭᠰᠠᠨ ᠦᠭᠡᠢ ᠵᠠᠷ ᠵᠡᠪᠰᠡᠭ ᠢ᠋ᠶ᠋ᠡᠨ ᠣᠷᠬᠢᠨ ᠳᠠᠭᠠᠪᠠ᠃ ᠡᠨᠡ ᠦᠶ᠎ᠡ ᠳ᠋ᠦ᠍ᠷ ᠨᠢᠭᠡᠨᠲᠡ ᠰᠥᠨᠢ ᠪᠣᠯᠤᠭᠰᠠᠨ ᠲᠤᠯᠠ ᠵᠠᠷ ᠵᠡᠪᠰᠡᠭ ᠢ᠋ ᠬᠣᠷᠢᠶᠠᠨ ᠠᠪᠴᠤ ᠥᠪᠡᠷ᠎ᠡ ᠪᠠᠭᠤᠳᠠᠯᠯᠠᠪᠠ᠃ 
       ᠲᠡᠳᠦᠢ ᠬᠠᠭᠠᠨ ᠤ᠋ ᠭᠡᠭᠡᠨ ᠪᠠᠭᠤᠳᠠᠯ ᠳ᠋ᠤᠷ ᠡᠭᠡᠵᠦ ᠠᠮᠪᠠᠭᠠᠢ ᠶ᠋ᠢ ᠲᠦᠰᠢᠭᠦᠯᠦᠨ ᠠᠴᠢᠷᠠᠭᠤᠯᠵᠤ ᠰᠥᠭᠥᠳᠬᠡᠬᠦ ᠦᠭᠡᠢ ᠪᠡᠷ ᠭᠠᠭᠴᠠ ᠲᠡᠭᠦᠨ ᠦ᠌ ᠰᠡᠳᠬᠢᠯ ᠢ᠋ ᠠᠪᠰᠤᠭᠠᠢ ᠭᠡᠮᠡᠨ ᠰᠠᠭᠤᠳᠠᠯ ᠥᠭᠴᠦ ᠲᠦᠰᠢᠭᠦᠯᠦᠨ ᠰᠠᠭᠤᠯᠭᠠᠵᠤ ᠠᠰᠠᠭᠤᠪᠠᠰᠤ ᠠᠮᠪᠠᠭᠠᠢ ᠲᠣᠯᠣᠭᠠᠢ ᠰᠠᠵᠢᠵᠤ ᠥᠭᠦᠯᠡᠷᠦᠨ :《ᠪᠢ ᠬᠠᠭᠠᠨ ᠴᠢᠮᠠᠶ᠋ᠢ ᠡᠨᠡ ᠮᠡᠲᠦ ᠭᠡᠮᠡᠨ ᠡᠰᠡ ᠮᠡᠳᠡᠵᠦᠬᠦᠢ᠂ ᠬᠠᠢᠷᠠᠬᠠᠨ ᠮᠢᠨᠦ ᠰᠢᠷᠬ᠎ᠠ ᠮᠠᠰᠢ ᠬᠦᠨᠳᠦ᠂ ᠳᠣᠲᠣᠷ᠎ᠠ ᠪᠠᠯᠠᠷᠠᠮᠤᠢ᠂ ᠪᠢ ᠶᠠᠭᠤᠨᠠᠢ ᠰᠠᠢᠨ ᠪᠣᠯᠵᠤ ᠬᠠᠭᠠᠨ ᠴᠢᠮ᠎ᠠ ᠳ᠋ᠤᠷ ᠬᠦᠴᠦᠨ ᠥᠭᠴᠦ ᠴᠢᠳᠠᠬᠤ ᠪᠣᠢ !》ᠭᠡᠮᠡᠨ ᠮᠡᠳᠡᠭᠦᠯᠦᠭᠰᠡᠨ ᠳ᠋ᠦ᠍ᠷ ᠬᠠᠭᠠᠨ ᠤ᠋ ᠭᠡᠭᠡᠨ ᠥᠪᠡᠷ ᠦ᠋ᠨ ᠭᠠᠷ ᠢ᠋ᠶ᠋ᠠᠷ ᠰᠢᠷᠬ᠎ᠠ ᠳ᠋ᠤᠷ ᠰᠠᠢᠨ ᠡᠮ ᠬᠢᠵᠦ᠂ ᠰᠠᠢᠨ ᠡᠮ ᠤᠤᠭᠤᠯᠭᠠᠭᠰᠠᠨ ᠪᠣᠯᠪᠠᠴᠤ ᠣᠭᠣᠴᠢ ᠴᠣᠭᠣᠷᠣᠭᠰᠠᠨ ᠲᠤᠯᠠ ᠬᠣᠭᠣᠯᠠᠢ ᠳ᠋ᠤᠷ ᠡᠮ ᠣᠷᠣᠭᠰᠠᠨ ᠦᠭᠡᠢ᠂ ᠮᠥᠨ ᠰᠥᠨᠢ ᠦᠬᠦᠪᠡᠢ᠃ ᠬᠠᠭᠠᠨ ᠤ᠋ ᠭᠡᠭᠡᠨ ᠶᠡᠬᠡᠯ᠎ᠡ ᠬᠠᠢᠷᠠᠯᠠᠨ᠂ ᠲᠡᠭᠦᠨ ᠦ᠌ ᠴᠡᠷᠢᠭ ᠦ᠋ᠨ ᠳᠣᠲᠣᠷ᠎ᠠ ᠠ᠋ᠴᠠ ᠲᠡᠭᠦᠨ ᠦ᠌ ᠰᠢᠳᠠᠷ ᠲᠦᠰᠢᠮᠡᠯ ᠰᠢᠷ᠎ᠠ ᠬᠡᠮᠡᠭᠴᠢ ᠶ᠋ᠢ ᠠᠴᠢᠷᠠᠭᠤᠯᠵᠤ ᠶᠠᠰᠤᠨ ᠢ᠋ ᠬᠤᠷᠢᠶᠠᠯᠭᠠᠨ ᠣᠷᠣᠰᠢᠭᠤᠯᠤᠨ ᠡᠮᠦᠨ᠎ᠡ ᠢᠨᠦ ᠠᠷᠢᠬᠢ ᠰᠠᠴᠤᠨ《ᠦᠨᠡᠬᠡᠷ ᠪᠠᠭᠠᠲᠤᠷ 》ᠭᠡᠮᠡᠨ ᠴᠣᠯᠠ ᠬᠠᠢᠷᠠᠯᠠᠪᠠ᠃ ᠡᠭᠦᠨ ᠳ᠋ᠦ᠍ᠷ ᠣᠯᠠᠨ ᠴᠡᠷᠢᠭ ᠢᠨᠦ ᠰᠡᠳᠬᠢᠯ ᠡᠴᠡ ᠪᠢᠰᠢᠷᠡᠨ ᠳᠠᠭᠠᠪᠠ᠃ ᠡᠨᠡ ᠬᠦᠴᠦᠨ ᠦ᠌ ᠡᠷᠴᠢᠨ ᠳᠡᠭᠡᠷ᠎ᠡ ᠪᠠᠢᠭᠠᠯ ᠮᠥᠷᠡᠨ ᠢ᠋ ᠭᠡᠲᠦᠯᠵᠦ ᠯᠦᠸᠧ ᠽᠢ ᠴᠧᠩ ᠳ᠋ᠦ᠍ᠷ ᠬᠦᠷᠴᠦ ᠴᠡᠷᠢᠭ ᠢ᠋ ᠭᠠᠳᠠᠨ᠎ᠠ ᠪᠠᠭᠤᠳᠠᠯᠯᠠᠭᠤᠯᠵᠤ᠂ ᠬᠠᠭᠠᠨ ᠤ᠋ ᠭᠡᠭᠡᠨ ᠬᠣᠲᠠᠨ ᠳ᠋ᠤᠷ ᠪᠠᠭᠤᠵᠤ᠂ ᠣᠯᠣᠭᠠᠢ ᠬᠣᠲᠠᠨ ᠢ᠋ ᠠᠪᠬᠤ ᠠᠷᠭ᠎ᠠ ᠶ᠋ᠢ ᠵᠥᠪᠳᠡᠬᠦᠢ ᠳ᠋ᠦ᠍ᠷ ᠶᠤᠸᠠᠨᠱᠤᠸᠠᠢ ᠵᠢᠨᠦᠩ ᠮᠤᠬᠤᠯᠢ᠂ ᠯᠢᠦ ᠵᠦᠩ ᠯᠦ᠍ ᠶ᠋ᠢ ᠠᠪᠴᠤ ᠬᠠᠭᠠᠨ ᠤ᠋ ᠳᠡᠷᠭᠡᠳᠡ ᠣᠷᠣᠵᠤ ᠢᠷᠡᠭᠰᠡᠨ ᠳ᠋ᠦ᠍ᠷ ᠬᠠᠭᠠᠨ ᠤᠴᠢᠷ ᠢ᠋ ᠠᠰᠠᠭᠤᠭᠰᠠᠨ᠎ᠠ ᠮᠤᠬᠤᠯᠢ : 《ᠠᠩᠬ᠎ᠠ ᠯᠢᠦ ᠵᠦᠩ ᠯᠦ᠍ ᠣᠯᠣᠭᠠᠢ ᠬᠣᠲᠠᠨ ᠢ᠋ ᠣᠷᠬᠢᠵᠤ ᠢᠷᠡᠬᠦᠢ ᠳ᠋ᠡᠭᠡᠨ ᠪᠠᠶᠠᠨ ᠢᠷᠭᠡᠳ ᠭᠤᠴᠢᠭᠠᠳ ᠭᠡᠷ ᠦ᠋ᠨ ᠡᠵᠡᠳ ᠯᠦ᠍ᠭᠡ ᠬᠡᠷᠪᠡ ᠬᠣᠲᠠᠨ ᠭᠠᠳᠠᠨ᠎ᠠ ᠳᠥᠷᠪᠡᠨ ᠵᠦᠭ ᠭᠠᠯ ᠤ᠋ᠨ ᠭᠡᠷᠡᠯ ᠭᠠᠷᠴᠤ ᠫᠤᠤ ᠶ᠋ᠢᠨ ᠳᠠᠭᠤᠨ ᠭᠠᠷᠪᠠᠰᠤ ᠳᠥᠷᠪᠡᠨ ᠬᠠᠭᠠᠯᠭ᠎ᠠ ᠰᠠᠬᠢᠭ᠍ᠰᠠᠨ ᠴᠡᠷᠢᠭ ᠢ᠋ᠶ᠋ᠡᠷ ᠬᠠᠭᠠᠯᠭ᠎ᠠ ᠶ᠋ᠢ ᠨᠡᠭᠡᠭᠡᠯᠭᠡ ᠭᠡᠮᠡᠨ ᠪᠣᠯᠵᠣᠭᠰᠠᠨ ᠲᠤᠯᠠ ᠡᠨᠡ ᠬᠣᠲᠠ ᠶ᠋ᠢ ᠳᠠᠬᠢᠨ ᠠᠪᠬᠤ ᠳ᠋ᠤᠷ ᠮᠠᠰᠢ ᠬᠢᠯᠪᠠᠷ ᠪᠣᠯᠵᠤᠬᠤᠢ᠂ ᠡᠨᠡ ᠢᠨᠦ ᠴᠥᠮ  ᠯᠢᠦ ᠵᠦᠩ ᠯᠦ᠍ ᠶ᠋ᠢᠨ ᠭᠠᠪᠢᠶ᠎ᠠ 》ᠬᠡᠮᠡᠭᠰᠡᠨ ᠳ᠋ᠦ᠍ᠷ᠂ ᠬᠠᠭᠠᠨ ᠳ᠋ᠦᠲ᠋ᠦ᠋ᠩ ᠴᠣᠯᠠ ᠬᠠᠢᠷᠠᠯᠠᠵᠤ ᠵᠢᠴᠢ ᠰᠢᠶᠠ ᠤᠯᠤᠰ ᠢ᠋ ᠳᠡᠢᠯᠦᠭᠰᠡᠨ ᠴᠠᠭ ᠲᠤ᠌ ᠥᠪᠡᠷ᠎ᠡ ᠡᠷᠭᠦᠮᠵᠢᠯᠡᠰᠦᠭᠡᠢ ᠬᠡᠮᠡᠪᠡ᠃ 
       ᠲᠡᠳᠦᠢ ᠰᠢᠶᠠ ᠤᠯᠤᠰ ᠤ᠋ᠨ ᠡᠵᠡᠨ ᠯᠢ ᠠᠨ ᠴᠢᠦᠸᠠᠨ ᠤ᠋ ᠬᠥᠪᠡᠭᠦᠨ ᠽᠦᠨ ᠰᠢᠦᠢ ᠮᠣᠩᠭᠣᠯ ᠤ᠋ᠨ ᠴᠡᠷᠢᠭ ᠦ᠋ᠨ ᠵᠠᠬ᠎ᠠ ᠣᠷᠣᠵᠤ ᠢᠷᠡᠭᠰᠡᠨ ᠢ᠋ ᠰᠣᠨᠣᠰᠴᠤ ᠵᠠᠯᠠᠭᠤ ᠶ᠋ᠢᠨ ᠣᠮᠣᠭ ᠢ᠋ᠶ᠋ᠠᠷ ᠮᠣᠩᠭᠣᠯ ᠤ᠋ᠨ ᠴᠡᠷᠢᠭ ᠦ᠋ᠨ ᠴᠠᠬᠢᠯᠭᠠᠨ ᠭᠠᠯ ᠮᠡᠲᠦ ᠲᠦᠷᠭᠡᠨ ᠬᠤᠷᠴᠠ ᠶ᠋ᠢ ᠮᠡᠳᠡᠬᠦ ᠦᠭᠡᠢ᠂ ᠠᠷᠪᠠᠨ ᠲᠦᠮᠡᠨ ᠦ᠌ ᠣᠯᠠᠨ ᠳ᠋ᠤᠷ ᠢ᠋ᠶ᠋ᠠᠨ ᠡᠷᠳᠦᠵᠦ ᠤᠭᠲᠤᠨ ᠬᠦᠷᠴᠦ ᠢᠷᠡᠬᠦᠢ ᠳ᠋ᠦ᠍ᠷ ᠵᠠᠮ ᠳ᠋ᠠᠭᠠᠨ ᠣᠯᠣᠭᠠᠢ ᠬᠣᠲᠠᠨ ᠢ᠋ ᠳᠠᠭᠠᠷᠢᠨ ᠭᠣᠣ ᠯᠢᠩ ᠬᠦᠩ ᠦ᠋ᠨ ᠴᠡᠷᠢᠭ ᠯᠦ᠍ᠭᠡ ᠨᠡᠢᠯᠡᠵᠦ᠂ ᠭᠣᠣ ᠯᠢᠩ ᠬᠦᠩ ᠲᠠᠪᠤᠨ ᠲᠦᠮᠡᠨ ᠴᠡᠷᠢᠭ ᠢ᠋ᠶ᠋ᠡᠷ ᠣᠯᠣᠭᠠᠢ ᠬᠣᠲᠠᠨ ᠢ᠋ ᠰᠠᠬᠢᠭᠤᠯᠵᠤ᠂ ᠲᠠᠪᠤᠨ ᠲᠦᠮᠡᠨ ᠴᠡᠷᠢᠭ ᠢ᠋ᠶ᠋ᠡᠷ ᠽᠦᠨ ᠰᠢᠦᠢ ᠶ᠋ᠢᠨ ᠴᠡᠷᠢᠭ ᠯᠦ᠍ᠭᠡ ᠨᠡᠢᠯᠡᠭᠦᠯᠵᠦ ᠤᠭᠲᠤᠨ ᠢᠷᠡᠬᠦᠶ᠎ᠡ᠂ ᠬᠠᠭᠠᠨ ᠤ᠋ ᠭᠡᠭᠡᠨ ᠪᠠᠰᠠ ᠴᠡᠷᠢᠭ ᠢ᠋ᠶ᠋ᠡᠨ ᠠᠪᠴᠤ ᠬᠣᠶᠠᠷ ᠡᠳᠦᠷ ᠶᠠᠪᠤᠵᠤ᠂ ᠰᠢᠶᠠ ᠤᠯᠤᠰ ᠤ᠋ᠨ ᠣᠯᠣᠭᠠᠢ ᠬᠣᠲᠠ ᠶ᠋ᠢᠨ ᠰᠠᠷᠠᠭᠤᠯ ᠲᠠᠯ᠎ᠠ ᠳ᠋ᠤ᠌ ᠰᠢᠶᠠ ᠤᠯᠤᠰ ᠤ᠋ᠨ ᠴᠡᠷᠢᠭ ᠯᠦ᠍ᠭᠡ ᠬᠠᠷᠭᠤᠵᠤ ᠬᠣᠶᠠᠷ ᠴᠡᠷᠢᠭ ᠬᠣᠷᠢᠨ ᠭᠠᠵᠠᠷ ᠠᠯᠤᠰ ᠴᠡᠷᠢᠭ ᠪᠠᠭᠤᠪᠠ᠃ ᠲᠡᠳᠦᠢ ᠮᠤᠬᠤᠯᠢ ᠪᠤᠭᠤᠷᠵᠢ ᠬᠣᠶᠠᠷ ᠰᠢᠶᠠ ᠤᠯᠤᠰ ᠤ᠋ᠨ ᠴᠡᠷᠢᠭ ᠯᠦ᠍ᠭᠡ ᠪᠠᠢᠯᠳᠤᠬᠤᠢ ᠶ᠋ᠢ ᠵᠥᠪᠯᠡᠭᠡᠳ ᠬᠠᠭᠠᠨ ᠳ᠋ᠤᠷ ᠬᠠᠮᠲᠤ ᠠᠢᠯᠠᠳᠬᠠᠷᠤᠨ :《ᠡᠳᠦᠭᠡ ᠨᠢᠭᠡᠨ ᠲᠣᠬᠢᠶᠠᠯ ᠪᠣᠢ᠂ ᠡᠨᠡ ᠰᠠᠷᠲᠠᠭᠴᠢᠨ ᠤ᠋ ᠨᠢᠭᠡᠨ ᠠᠩᠭᠢ ᠲᠡᠨᠡᠭ ᠴᠡᠷᠢᠭ ᠪᠣᠢ᠂ ᠡᠳᠦᠭᠡ ᠰᠣᠨᠣᠰᠬᠤᠯ᠎ᠠ ᠰᠠᠷᠲᠠᠭᠴᠢᠨ ᠤ᠋ ᠠᠮᠪᠠᠭᠠᠢ ᠬᠠᠭᠠᠨ ᠤ᠋ ᠯᠠᠢᠪᠴᠠ ᠬᠡᠮᠡᠬᠦ ᠨᠢᠭᠡᠨ ᠬᠥᠪᠡᠭᠦᠨ ᠪᠣᠢ᠂ ᠮᠥᠨ ᠮᠠᠰᠢ ᠪᠠᠭᠠᠲᠤᠷ ᠬᠡᠮᠡᠮᠦ᠃ ᠡᠳᠦᠭᠡ ᠡᠨᠡ ᠠᠷᠪᠠᠨ ᠲᠦᠮᠡᠨ ᠴᠡᠷᠢᠭ ᠢ᠋ ᠠᠮᠪᠠᠭᠠᠢ ᠶ᠋ᠢᠨ ᠰᠢᠳᠠᠷ ᠲᠦᠰᠢᠮᠡᠯ ᠰᠢᠷ᠎ᠠ ᠳ᠋ᠤᠷ ᠥᠭᠴᠦ ᠬᠠᠷᠢᠭᠤᠯᠠᠰᠤᠭᠠᠢ᠂ ᠡᠢᠨ ᠪᠣᠯᠪᠠᠰᠤ ᠯᠠᠪ ᠡᠷᠬᠡ ᠦᠭᠡᠢ ᠰᠢᠲᠦᠵᠦ ᠬᠦᠴᠦᠨ ᠪᠠᠷᠢᠬᠤ ᠰᠠᠨᠠᠭᠠᠨ ᠣᠷᠣᠮᠤᠢ᠃ ᠲᠡᠢᠨ ᠪᠥᠭᠡᠰᠦ ᠲᠡᠳᠡᠨ ᠢ᠋ ᠮᠠᠨ ᠠ᠋ᠴᠠ ᠬᠠᠭᠤᠷᠮᠠᠭ ᠢ᠋ᠶ᠋ᠠᠷ ᠤᠷᠪᠠᠭᠤᠯᠵᠤ ᠰᠢᠶᠠ ᠤᠯᠤᠰ ᠤ᠋ᠨ ᠬᠦᠷᠢᠶ᠎ᠡ ᠳ᠋ᠦ᠍ᠷ ᠢᠯᠡᠭᠡᠵᠦ᠂ ᠰᠥᠨᠢ ᠮᠠᠨ ᠤ᠋ ᠲᠡᠮᠳᠡᠭ ᠫᠤᠤ ᠶ᠋ᠢ ᠰᠣᠨᠣᠰᠤᠮᠠᠭᠴᠠ ᠳᠣᠲᠣᠷ᠎ᠠ ᠠ᠋ᠴᠠ ᠲᠤᠰᠠᠯᠠᠨ᠂ ᠲᠡᠷᠢᠭᠦᠯᠡᠭᠰᠡᠨ ᠵᠠᠩᠵᠤᠨ ᠢ᠋ ᠪᠠᠷᠢᠪᠠᠰᠤ ᠰᠢᠶᠠ ᠤᠯᠤᠰ ᠢ᠋ ᠬᠢᠯᠪᠠᠷ ᠣᠷᠣᠭᠤᠯᠵᠤ ᠪᠣᠯᠤᠮᠤᠢ ! 》ᠬᠡᠮᠡᠬᠦᠢ ᠳ᠋ᠦ᠍ᠷ ᠬᠠᠭᠠᠨ ᠪᠡᠶᠡᠰᠦᠨ ᠵᠥᠪᠰᠢᠶᠡᠷᠡᠪᠡ᠃ ᠲᠡᠳᠦᠢ ᠮᠤᠬᠤᠯᠢ ᠰᠠᠷᠲᠠᠭᠴᠢᠨ ᠤ᠋ ᠰᠢᠷ᠎ᠠ ᠶ᠋ᠢ ᠤᠭᠲᠤᠨ ᠤᠳᠤᠷᠢᠳᠴᠤ ᠬᠠᠭᠠᠨ ᠳ᠋ᠤᠷ ᠠᠭᠤᠯᠵᠠᠭᠤᠯᠤᠨ ᠰᠥᠭᠥᠳᠬᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ :《ᠪᠢ ᠳᠡᠭᠡᠳᠦ ᠲᠡᠭᠷᠢ ᠶ᠋ᠢᠨ ᠰᠠᠨᠠᠭᠠᠨ ᠢ᠋ ᠳᠠᠭᠠᠵᠤ ᠣᠯᠠᠨ ᠰᠠᠮᠠᠭᠤᠨ ᠢ᠋ ᠲᠦᠪᠰᠢᠳᠬᠡᠨ᠂ ᠳᠡᠯᠡᠬᠡᠢ ᠳ᠋ᠠᠬᠢᠨ ᠤ᠋ ᠨᠡᠢᠲᠡ ᠪᠦᠬᠦᠨ ᠢ᠋ ᠨᠡᠢᠭᠡᠮ ᠲᠦᠪᠰᠢᠨ ᠪᠣᠯᠭᠠᠵᠤ ᠵᠢᠷᠭᠠᠭᠤᠯᠰᠤᠭᠠᠢ ᠭᠡᠮᠡᠨ ᠴᠡᠷᠢᠭ ᠪᠠᠢᠭᠤᠯᠤᠨ ᠶᠠᠪᠤᠬᠤᠢ ᠳ᠋ᠤᠷ ᠴᠢᠨᠦ ᠡᠵᠡᠨ ᠦᠨᠡᠬᠡᠷ ᠪᠠᠭᠠᠲᠤᠷ᠂ ᠮᠢᠨᠦ ᠪᠡᠶ᠎ᠡ ᠪᠡᠷ ᠭᠠᠷᠤᠭᠰᠠᠨ ᠠᠨᠤ ᠴᠢᠨᠦ ᠡᠵᠡᠨ ᠢ᠋ ᠬᠥᠩᠭᠡᠨ ᠢ᠋ᠶ᠋ᠡᠷ ᠪᠠᠷᠢᠵᠤ ᠰᠡᠳᠬᠢᠯ ᠢ᠋ ᠳᠠᠭᠠᠭᠤᠯᠤᠨ ᠬᠠᠮᠲᠤ ᠶᠡᠬᠡ ᠲᠥᠷᠥ ᠶ᠋ᠢ ᠣᠯᠰᠤᠭᠠᠢ ᠬᠡᠮᠡᠭᠰᠡᠨ ᠪᠥᠯᠥᠭᠡ᠃ ᠭᠠᠭᠴᠠ ᠮᠢᠨᠦ ᠰᠠᠨᠠᠭᠠᠨ ᠢ᠋ ᠡᠰᠡ ᠮᠡᠳᠡᠭᠰᠡᠨ ᠢ᠋ᠶ᠋ᠡᠷ ᠰᠠᠨᠠᠮᠰᠠᠷ ᠦᠭᠡᠢ ᠰᠢᠷᠬ᠎ᠠ ᠬᠦᠨᠳᠦᠳᠴᠦ ᠨᠥᠭᠴᠢᠵᠦᠬᠦᠢ᠃ ᠬᠡᠳᠦᠢ ᠡᠢᠨ ᠪᠣᠯᠪᠠᠴᠤ ᠴᠢᠨᠦ ᠡᠵᠡᠨ ᠳ᠋ᠦ᠍ᠷ ᠮᠥᠨ ᠡᠮ᠎ᠡ ᠦᠷ᠎ᠡ ᠤᠯᠤᠰ ᠢᠷᠭᠡᠨ ᠪᠣᠢ ᠲᠤᠯᠠ ᠪᠢ ᠰᠠᠨᠠᠭᠠᠨ ᠳ᠋ᠤᠷ ᠲᠠᠨ ᠤ᠋ ᠠᠷᠪᠠᠨ ᠲᠦᠮᠡᠨ ᠴᠡᠷᠢᠭ ᠢ᠋ ᠪᠦᠷᠢᠨ᠎ᠡ ᠡᠭᠡᠭᠦᠯᠵᠦ᠂ ᠲᠠᠨ ᠤ᠋ ᠨᠢᠭᠡᠨ ᠠᠢᠮᠠᠭ ᠤ᠋ᠨ ᠡᠵᠡᠨ ᠲᠦᠰᠢᠮᠡᠯ ᠴᠡᠷᠢᠭ ᠢᠷᠭᠡᠨ ᠨᠡᠢᠲᠡ ᠶ᠋ᠢᠨ ᠰᠡᠳᠬᠢᠯ ᠢ᠋ ᠠᠪᠴᠤ ᠵᠢᠯ ᠪᠦᠷᠢ ᠪᠠᠬᠠᠨ ᠠᠯᠪᠠ ᠠᠪᠴᠤ ᠳᠠᠭᠠᠭᠤᠯᠰᠤᠭᠠᠢ ᠬᠡᠮᠡᠮᠦᠢ᠂ ᠡᠨᠡ ᠢᠨᠦ ᠲᠤᠢᠯ ᠤ᠋ᠨ ᠦᠨᠡᠨ ᠰᠠᠨᠠᠭᠠᠨ᠂ ᠲᠠᠨ ᠳ᠋ᠤᠷ ᠡᠭᠦᠨ ᠡᠴᠡ ᠥᠪᠡᠷ᠎ᠡ ᠪᠠᠰᠠ ᠶᠠᠮᠪᠠᠷ ᠬᠦᠰᠡᠬᠦ ᠬᠡᠷᠡᠭ ᠪᠣᠢ ? 》 ᠬᠡᠮᠡᠬᠦᠢ ᠳ᠋ᠦ᠍ᠷ ᠰᠢᠷ᠎ᠠ ᠮᠠᠩᠨᠠᠢ ᠪᠠᠨ ᠬᠠᠪᠤᠳᠲᠠᠯ᠎ᠠ ᠮᠥᠷᠭᠥᠵᠦ ᠠᠢᠯᠠᠳᠬᠠᠷᠤᠨ :《ᠬᠠᠭᠠᠨ ᠡᠵᠡᠨ ᠡᠨᠡ ᠮᠡᠲᠦ ᠡᠴᠢᠭᠡ ᠡᠬᠡ ᠠᠳᠠᠯᠢ ᠥᠷᠥᠰᠢᠶᠡᠬᠦᠢ ᠳ᠋ᠦ᠍ᠷ ᠪᠣᠭᠣᠯᠴᠤᠳ ᠬᠣᠭᠣᠰᠣᠨ ᠢ᠋ᠶ᠋ᠠᠷ ᠬᠠᠷᠢᠵᠤ ᠲᠦᠪᠳᠡᠬᠦ ᠦᠭᠡᠢ᠂ ᠣᠨᠴᠠ ᠰᠢᠶᠠ ᠤᠯᠤᠰ ᠤ᠋ᠨ ᠳᠠᠢᠰᠤᠨ ᠢ᠋ ᠦᠵᠦᠭᠦᠷ ᠭᠠᠷᠲᠠᠯ᠎ᠠ ᠬᠦᠴᠦᠨ ᠢ᠋ᠶ᠋ᠡᠨ ᠪᠠᠷᠢᠰᠤᠭᠠᠢ ! 》 ᠬᠡᠮᠡᠬᠦᠢ ᠳ᠋ᠦ᠍ᠷ ᠬᠠᠵᠠᠭᠤ ᠠ᠋ᠴᠠ ᠪᠤᠭᠤᠷᠵᠢ ᠥᠭᠦᠯᠡᠷᠦᠨ :《ᠲᠠᠨ ᠳ᠋ᠤᠷ ᠦᠨᠡᠬᠡᠷ ᠡᠨᠡ ᠮᠡᠲᠦ ᠬᠡᠰᠢᠭ ᠢ᠋ ᠰᠢᠲᠦᠬᠦ ᠰᠡᠳᠬᠢᠯ ᠠᠪᠠᠰᠤ ᠡᠳᠦᠭᠡ ᠨᠢᠭᠡᠨ ᠮᠠᠰᠢ ᠴᠢᠬᠤᠯᠠ ᠭᠠᠵᠠᠷ ᠪᠣᠢ᠃ ᠡᠳᠦᠭᠡ ᠴᠢ ᠬᠠᠭᠤᠷᠮᠠᠭ ᠢ᠋ᠶ᠋ᠠᠷ ᠮᠠᠨ ᠠ᠋ᠴᠠ ᠤᠷᠪᠠᠵᠤ᠂ ᠰᠢᠶᠠ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠵᠦ ᠳᠠᠭᠠᠭᠠᠳ ᠮᠠᠨ ᠤ᠋ ᠫᠤᠤ ᠶ᠋ᠢᠨ ᠳᠠᠭᠤᠨ ᠤ᠋ ᠲᠡᠮᠳᠡᠭ ᠢ᠋ ᠦᠵᠡᠵᠦ ᠳᠣᠲᠣᠷ᠎ᠠ ᠠ᠋ᠴᠠ ᠤᠷᠪᠠᠵᠤ᠂ ᠰᠢᠶᠠ ᠤᠯᠤᠰ ᠤ᠋ᠨ ᠲᠡᠷᠢᠭᠦᠯᠡᠭᠰᠡᠨ ᠲᠦᠰᠢᠮᠡᠯ ᠢ᠋ ᠪᠠᠷᠢᠪᠠᠰᠤ ᠡᠨᠡ ᠳᠠᠷᠤᠢ ᠴᠢᠨᠦ ᠶᠡᠬᠡ ᠭᠠᠪᠢᠶ᠎ᠠ ᠪᠣᠯᠠᠢ !》ᠬᠡᠮᠡᠭᠰᠡᠨ ᠳ᠋ᠦ᠍ᠷ ᠰᠢᠷ᠎ᠠ ᠶᠠᠭᠠᠷᠠᠨ ᠮᠥᠷᠭᠥᠵᠦ ᠭᠠᠷᠪᠠ᠃ 
       ᠲᠡᠳᠦᠢ ᠮᠤᠬᠤᠯᠢ ᠰᠢᠷ᠎ᠠ ᠶ᠋ᠢ ᠳᠠᠭᠤᠳᠠᠵᠤ ᠴᠢᠬᠢᠨ ᠦ᠌ ᠳᠡᠷᠭᠡᠳᠡ ᠬᠡᠳᠦᠨ ᠦᠭᠡ ᠰᠤᠷᠭᠠᠵᠤ ᠭᠠᠷᠭᠠᠪᠠ᠃ ᠰᠢᠷ᠎ᠠ ᠴᠡᠷᠢᠭ ᠦ᠋ᠨ ᠪᠠᠭᠤᠳᠠᠯ ᠳ᠋ᠤᠷ ᠢ᠋ᠶ᠋ᠡᠨ ᠡᠭᠡᠵᠦ ᠣᠯᠠᠨ ᠴᠡᠷᠢᠭ ᠢ᠋ᠶ᠋ᠡᠨ ᠠᠪᠴᠤ ᠵᠥᠪᠯᠡᠨ ᠥᠭᠦᠯᠡᠷᠦᠨ : 《ᠮᠠᠨ ᠤ᠋ ᠡᠵᠡᠨ ᠢ᠋ ᠮᠣᠩᠭᠣᠯ ᠤ᠋ᠨ ᠡᠵᠡᠨ ᠠᠯᠠᠪᠠ ᠂ ᠡᠳᠦᠭᠡ ᠡᠨᠡ ᠣᠢᠷ᠎ᠠ ᠪᠦᠬᠦᠢ ᠵᠠᠪᠰᠢᠶᠠᠨ᠎ᠠ ᠪᠢᠳᠡ ᠰᠥᠨᠢ ᠪᠡᠷ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ ᠠᠯᠠᠨ ᠣᠷᠣᠵᠤ ᠮᠣᠩᠭᠣᠯ ᠤ᠋ᠨ ᠡᠵᠡᠨ ᠢ᠋ ᠠᠯᠠᠵᠤ ᠂ ᠮᠠᠨ ᠤ᠋ ᠡᠵᠡᠨ ᠦ᠌ ᠥᠰᠢᠶ᠎ᠡ ᠶ᠋ᠢ ᠠᠪᠰᠤᠭᠠᠢ 》ᠬᠡᠮᠡᠬᠦ ᠳ᠋ᠦ᠍ ᠣᠯᠠᠨ ᠢ᠋ᠶ᠋ᠠᠷ ᠲᠦᠪᠳᠡᠬᠦ ᠦᠭᠡᠢ ᠳ᠋ᠦ᠍ᠷ ᠰᠢᠷ᠎ᠠ ᠣᠯᠠᠨ ᠤ᠋ ᠵᠦᠭ ᠨᠢᠳᠦ ᠢᠷᠮᠡᠵᠦ ᠮᠣᠩᠭᠣᠯ ᠤ᠋ᠨ ᠬᠠᠷᠢᠭᠤ ᠵᠠᠬᠢᠶ᠎ᠠ ᠶ᠋ᠢ ᠲᠠᠷᠬᠠᠭᠠᠨ ᠬᠡᠯᠡᠵᠦ᠂ ᠡᠨᠡ ᠰᠥᠨᠢ ᠶ᠋ᠢᠨ ᠡᠨᠡ ᠤᠷᠪᠠᠬᠤ ᠠᠨᠤ ᠰᠢᠶᠠ ᠤᠯᠤᠰ ᠤ᠋ᠨ ᠦᠯᠦ ᠰᠡᠵᠢᠭᠯᠡᠬᠦ ᠶ᠋ᠢ ᠡᠷᠢᠭᠰᠡᠨ ᠠᠷᠭ᠎ᠠ ᠶ᠋ᠢ ᠬᠡᠯᠡᠭᠰᠡᠨ ᠳ᠋ᠦ᠍ᠷ ᠪᠦᠭᠦᠳᠡᠭᠡᠷ ᠳᠠᠷᠤᠢ ᠰᠥᠨᠢ ᠳᠦᠯᠢ ᠳ᠋ᠦ᠍ᠷ ᠭᠠᠯ ᠰᠢᠲᠠᠭᠠᠨ ᠪᠠᠢᠯᠳᠤᠨ ᠢᠷᠡᠬᠦᠢ ᠳ᠋ᠦ᠍ᠷ ᠮᠤᠬᠤᠯᠢ ᠬᠡᠳᠦᠢᠨᠡᠢ ᠪᠡᠯᠡᠳᠦᠭᠰᠡᠨ ᠲᠤᠯᠠ ᠲᠡᠳᠡᠨ ᠯᠦ᠍ᠭᠡ ᠪᠠᠢᠯᠳᠤᠭᠴᠢ ᠪᠣᠯᠤᠨ ᠬᠥᠭᠡᠭᠡᠵᠦ ᠡᠴᠢᠬᠦᠢ ᠳ᠋ᠦ᠍ᠷ ᠰᠠᠷᠲᠠᠭᠴᠢᠨ ᠤ᠋ ᠴᠡᠷᠢᠭ ᠶᠠᠭᠠᠷᠠᠨ ᠰᠢᠶᠠ ᠤᠯᠤᠰ ᠤ᠋ᠨ ᠶᠡᠬᠡ ᠬᠦᠷᠢᠶᠡᠨ ᠦ᠌ ᠵᠦᠭ ᠪᠤᠷᠤᠭᠤᠯᠠᠨ ᠡᠴᠢᠬᠦᠶ᠎ᠡ᠎ ᠡᠤᠷᠢᠳᠠ ᠳᠤᠲᠠᠭᠠᠭᠰᠠᠨ ᠴᠡᠷᠢᠭ ᠰᠢᠶᠠ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠵᠦ :《ᠪᠢᠳᠡ ᠵᠠᠪ ᠦᠵᠡᠵᠦ ᠳᠤᠲᠠᠭᠠᠨ ᠢᠷᠡᠬᠦᠶ᠎ᠡ᠂ ᠮᠣᠩᠭᠣᠯ ᠤ᠋ᠨ ᠴᠡᠷᠢᠭ ᠰᠢᠭᠤᠳ ᠨᠡᠬᠡᠵᠦ ᠠᠢᠰᠤᠢ᠂ ᠮᠠᠨ ᠢ᠋ ᠲᠡᠩᠬᠡᠷᠡᠭᠦᠯᠬᠦ ᠪᠣᠯᠪᠠ ᠤᠤ !》ᠬᠡᠮᠡᠭᠰᠡᠨ ᠳ᠋ᠦ᠍ᠷ ᠭᠣᠣ ᠯᠢᠩ ᠬᠦᠩ ᠶᠠᠭᠠᠷᠠᠨ ᠴᠡᠷᠢᠭ ᠠᠪᠴᠤ ᠤᠭᠲᠤᠨ ᠢᠷᠡᠭᠰᠡᠨ ᠳ᠋ᠦ᠍ᠷ ᠰᠠᠷᠲᠠᠭᠴᠢᠨ ᠤ᠋ ᠴᠡᠷᠢᠭ ᠰᠢᠶᠠ ᠤᠯᠤᠰ ᠤ᠋ᠨ ᠴᠡᠷᠢᠭ ᠦ᠋ᠨ ᠮᠡᠳᠡᠭᠡ ᠭᠠᠷᠤᠭᠰᠠᠨ ᠳ᠋ᠤᠷ ᠮᠣᠩᠭᠣᠯ ᠤ᠋ᠨ ᠴᠡᠷᠢᠭ ᠦ᠋ᠨ ᠳᠣᠲᠣᠷ᠎ᠠ ᠭᠡᠨᠡᠳᠲᠡ ᠨᠢᠭᠡᠨ ᠫᠤᠤ ᠳᠠᠭᠤᠷᠢᠰᠤᠭᠰᠠᠨ᠎ᠠ ᠰᠠᠶᠢ ᠶ᠋ᠢᠨ ᠳᠤᠲᠠᠭᠠᠵᠤ ᠢᠷᠡᠭᠰᠡᠨ ᠰᠠᠷᠲᠠᠭᠴᠢᠨ ᠤ᠋ ᠴᠡᠷᠢᠭ ᠭᠣᠣ ᠯᠢᠩ ᠬᠦᠩ ᠦ᠋ᠨ ᠴᠡᠷᠢᠭ ᠦ᠋ᠨ ᠠᠷᠤ ᠶ᠋ᠢᠨ ᠬᠣᠢᠨ᠎ᠠ ᠠ᠋ᠴᠠ ᠠᠯᠠᠨ ᠣᠷᠣᠭᠰᠠᠨ ᠳ᠋ᠤᠷ ᠮᠣᠩᠭᠣᠯ ᠤ᠋ᠨ ᠴᠡᠷᠢᠭ ᠡᠴᠡ ᠬᠦᠯᠦᠭ ᠪᠤᠭᠤᠷᠵᠢ ᠭᠠᠭᠴᠠᠭᠠᠷ ᠳᠣᠪᠲᠣᠯᠤᠨ ᠰᠢᠶᠠ ᠤᠯᠤᠰ ᠤ᠋ᠨ ᠴᠡᠷᠢᠭ ᠦ᠋ᠨ ᠳᠣᠲᠣᠷ᠎ᠠ ᠣᠷᠣᠭᠰᠠᠨ᠂ ᠲᠠᠪᠤᠨ ᠪᠠᠷᠰ ᠤ᠋ᠨ ᠵᠠᠩᠵᠤᠨ ᠨᠠᠷ ᠮᠥᠨ ᠴᠥᠮ ᠳᠣᠪᠲᠣᠯᠤᠨ ᠰᠢᠶᠠ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠣᠷᠣᠵᠤ ᠢᠷᠡᠭᠰᠡᠨ᠎ᠡ ᠂ ᠮᠣᠩᠭᠣᠯ ᠤ᠋ᠨ ᠴᠡᠷᠢᠭ ᠵᠣᠭᠰᠣᠯ ᠦᠭᠡᠢ ᠪᠡᠷ ᠬᠠᠮᠲᠤ ᠤᠷᠤᠭᠰᠢᠯᠠᠨ ᠡᠵᠡᠨ ᠢ᠋ᠶ᠋ᠡᠨ ᠬᠠᠮᠠᠭᠠᠯᠠᠬᠤᠢ ᠳ᠋ᠤᠷ ᠰᠢᠶᠠ ᠤᠯᠤᠰ ᠤ᠋ᠨ ᠴᠡᠷᠢᠭ ᠶᠡᠬᠡᠯ᠎ᠡ ᠰᠠᠮᠠᠭᠤᠷᠠᠵᠤ ᠠᠷᠤ ᠥᠪᠥᠷ ᠴᠥᠮ ᠳᠠᠢᠰᠤᠨ᠎ᠠ ᠤᠴᠠᠷᠠᠭᠠᠳ ᠬᠠᠷᠢᠯᠴᠠᠨ ᠲᠠᠨᠢᠭ᠍ᠳᠠᠬᠤ ᠦᠭᠡᠢ ᠳ᠋ᠦ᠍ᠷ ᠭᠣᠣ ᠯᠢᠩ ᠬᠦᠩ ᠶᠡᠬᠡᠯ᠎ᠡ ᠰᠢᠬᠠᠮᠳᠠᠵᠤ ᠰᠠᠶᠢ ᠴᠡᠷᠢᠭ ᠦ᠋ᠨ ᠬᠦᠷᠢᠶ᠎ᠡ ᠳ᠋ᠦ᠍ᠷ ᠡᠭᠡᠵᠦ ᠲᠠᠢᠽᠢ ᠽᠦᠨ ᠰᠢᠦᠢ ᠶ᠋ᠢ ᠠᠪᠴᠤ ᠳᠤᠲᠠᠭᠠᠰᠤᠭᠠᠢ ᠭᠡᠮᠡᠨ ᠮᠣᠷᠢᠨ ᠢ᠋ᠶ᠋ᠠᠨ ᠡᠭᠡᠭᠦᠯᠲᠡᠯ᠎ᠡ ᠭᠡᠨᠡᠳᠲᠡ ᠡᠮᠦᠨ᠎ᠡ ᠢᠨᠤ ᠰᠠᠷᠲᠠᠭᠴᠢᠨ ᠤ᠋ ᠰᠢᠷ᠎ᠠ ᠢᠷᠡᠵᠦ ᠬᠠᠯᠬᠠᠯᠠᠨ ᠶᠠᠭᠠᠷᠠᠨ ᠡᠭᠡᠵᠦ ᠪᠤᠷᠤᠭᠤᠯᠠᠰᠤᠭᠠᠢ ᠬᠡᠮᠡᠲᠡᠯ᠎ᠡ ᠭᠡᠨᠡᠳᠲᠡ ᠮᠣᠩᠭᠣᠯ ᠤ᠋ᠨ ᠨᠢᠭᠡᠨ ᠶᠡᠬᠡ ᠵᠠᠩᠵᠤᠨ ᠨᠢᠭᠡᠨᠲᠡ ᠭᠣᠣ ᠯᠢᠩ ᠬᠦᠩ ᠦ᠋ᠨ ᠪᠥᠰᠡᠨ ᠡᠴᠡ ᠠᠳᠬᠤᠨ ᠳᠤᠭᠲᠤᠷᠴᠤ ᠮᠣᠷᠢᠨ ᠤ᠋ ᠳᠡᠭᠡᠷ᠎ᠡ ᠪᠡᠨ ᠠᠪᠤᠨ ᠭᠠᠷᠴᠤ ᠵᠡᠪᠰᠡᠭ ᠢ᠋ ᠠᠨᠤ ᠠᠯᠳᠠᠭᠤᠯᠪᠠ ᠃ ᠡᠨᠡ ᠵᠠᠩᠵᠤᠨ ᠬᠡᠨ ᠬᠡᠮᠡᠪᠡᠰᠦ ᠴᠢᠪ ᠴᠢᠬᠡ ᠤᠷᠢᠳᠠ ᠳᠣᠪᠲᠣᠯᠤᠨ ᠣᠷᠣᠭᠰᠠᠨ ᠬᠦᠯᠦᠭ ᠲᠠᠢᠹᠦ᠋ ᠪᠤᠭᠤᠷᠵᠢ ᠠᠵᠤᠭᠤ ! 
       ᠲᠡᠳᠦᠢ ᠪᠤᠭᠤᠷᠵᠢ ᠭᠣᠣ ᠯᠢᠩ ᠬᠦᠩ ᠢ᠋ ᠰᠤᠭᠤᠪᠳᠠᠵᠤ ᠴᠡᠷᠢᠭ ᠦ᠋ᠨ ᠠᠷᠠᠳ ᠲᠤᠷ ᠴᠣᠬᠢᠨ ᠥᠭᠴᠦ ᠬᠦᠯᠢᠭᠦᠯᠦᠨ᠂ ᠤᠷᠢᠳᠠ ᠰᠢᠪᠲᠤᠯᠤᠨ ᠭᠠᠷᠴᠤ ᠵᠢᠨᠦᠩ ᠦ᠋ᠨ ᠴᠡᠷᠢᠭ ᠲᠦ᠍ᠷ ᠲᠤᠰᠢᠶᠠᠭᠠᠳ ᠡᠭᠡᠨ ᠣᠷᠣᠵᠤ ᠰᠢᠶᠠ ᠤᠯᠤᠰ ᠤ᠋ᠨ ᠲᠠᠢᠽᠢ ᠶ᠋ᠢ ᠪᠠᠷᠢᠷ᠎ᠠ ᠣᠷᠣᠭᠰᠠᠨ ᠳ᠋ᠤᠷ ᠡᠨᠡ ᠦᠶ᠎ᠡ ᠰᠢᠶᠠ ᠤᠯᠤᠰ ᠤ᠋ᠨ ᠭᠣᠣ ᠯᠢᠩ ᠬᠦᠩ ᠪᠠᠷᠢᠭ᠍ᠳᠠᠵᠤ ᠴᠡᠷᠢᠭ ᠰᠠᠮᠠᠭᠤᠷᠠᠭᠰᠠᠨ ᠳ᠋ᠤᠷ ᠣᠭᠲᠣ ᠪᠠᠢᠯᠳᠤᠯ ᠦᠭᠡᠢ ᠳᠠᠷᠤᠢ ᠲᠠᠢᠽᠢ ᠽᠦᠨ ᠰᠢᠦᠢ ᠶ᠋ᠢ ᠬᠠᠮᠠᠭᠠᠯᠠᠨ ᠪᠤᠷᠤᠭᠤᠯᠠᠪᠠ ᠃ ᠮᠥᠨ ᠬᠦᠴᠦᠨ ᠳ᠋ᠦ᠍ᠷ ᠬᠡᠩᠭᠡᠷᠭᠡ ᠳᠡᠯᠡᠳᠦᠨ ᠴᠡᠷᠢᠭ ᠢ᠋ ᠶᠡᠬᠡ ᠬᠠᠷᠴᠠᠭᠠᠢ ᠰᠢᠪᠠᠭᠤᠨ ᠤ᠋ ᠵᠢᠭ᠍ᠰᠠᠭᠠᠯ ᠪᠣᠯᠭᠠᠨ ᠳᠡᠯᠭᠡᠵᠦ ᠳᠠᠷᠤᠨ ᠣᠷᠣᠭᠰᠠᠨ ᠳ᠋ᠤᠷ ᠰᠠᠷᠲᠠᠭᠴᠢᠨ ᠤ᠋ ᠴᠡᠷᠢᠭ ᠰᠢᠪᠠᠭᠤᠨ ᠤ᠋ ᠬᠣᠰᠢᠭᠤ ᠪᠣᠯᠤᠭᠰᠠᠨ ᠳ᠋ᠤᠷ ᠣᠯᠠᠨ ᠴᠡᠷᠢᠭ ᠦ᠋ᠨ ᠱᠠᠯᠠᠮᠠᠭᠠᠢᠯᠠᠨ ᠲᠡᠮᠡᠴᠡᠯᠳᠦᠨ ᠣᠷᠣᠬᠤ ᠠᠨᠤ ᠦᠨᠡᠬᠡᠷ ᠣᠯᠠᠨ ᠳᠡᠰ ᠬᠠᠷᠴᠠᠭᠠᠢ ᠠᠩ ᠪᠤᠯᠢᠶᠠᠯᠳᠤᠬᠤᠢ ᠮᠡᠲᠦ ᠲᠠᠯᠪᠢᠯ ᠦᠭᠡᠢ ᠬᠣᠶᠠᠷ ᠡᠳᠦᠷ ᠨᠡᠬᠡᠵᠦ᠂ ᠰᠢᠶᠠ ᠤᠯᠤᠰ ᠤ᠋ᠨ ᠦᠬᠦᠭᠰᠡᠨ ᠴᠡᠷᠢᠭ ᠵᠠᠮ ᠳ᠋ᠤᠷ ᠳᠦᠭᠦᠷᠴᠦ ᠤᠯᠠᠭᠠᠨ ᠴᠢᠰᠤ ᠰᠤᠪᠠᠭ ᠲᠤᠷ ᠤᠷᠤᠰᠤᠮᠤᠢ᠂ ᠲᠡᠷᠭᠡ ᠣᠨᠣᠯᠭ᠎ᠠ ᠬᠤᠶᠠᠭ ᠳᠤᠭᠤᠯᠠᠭ᠎ᠠ ᠵᠠᠷ ᠵᠡᠪᠰᠡᠭ ᠲᠤᠭ ᠬᠢᠭᠢᠷᠢ ᠶ᠋ᠢ ᠣᠯᠵᠤ ᠠᠪᠤᠭᠰᠠᠨ ᠠᠨᠤ ᠲᠣᠭᠠᠯᠠᠪᠠᠰᠤ ᠪᠠᠷᠠᠬᠤ ᠦᠭᠡᠢ᠃ ᠳᠡᠭᠦᠴᠢᠯᠡᠨ ᠲᠠᠯᠪᠢᠯ ᠦᠭᠡᠢ ᠨᠡᠬᠡᠭᠰᠡᠭᠡᠷ ᠣᠯᠣᠭᠠᠢ ᠬᠣᠲᠠ ᠶ᠋ᠢᠨ ᠢᠷᠣᠭᠠᠷ ᠬᠦᠷᠦᠭᠰᠡᠨ ᠳ᠋ᠦ᠍ᠷ ᠰᠢᠶᠠ ᠤᠯᠤᠰ ᠤ᠋ᠨ ᠳᠠᠷᠤᠭᠳᠠᠭᠰᠠᠨ ᠴᠡᠷᠢᠭ ᠬᠣᠲᠠᠨ ᠢ᠋ ᠪᠠᠲᠤᠯᠠᠨ ᠰᠠᠬᠢᠬᠤᠶ᠎ᠠ᠂ ᠰᠢᠶᠠ ᠤᠯᠤᠰ ᠤ᠋ᠨ ᠱᠢᠪᠢᠱᠢ ᠵᠠᠩᠵᠤᠨ ᠶᠠᠭᠠᠷᠠᠨ ᠴᠡᠷᠢᠭ ᠢ᠋ᠶ᠋ᠡᠨ ᠲᠡᠭᠰᠢᠯᠡᠬᠦᠢ ᠳ᠋ᠦ᠍ᠷ ᠮᠣᠩᠭᠣᠯ ᠤ᠋ᠨ ᠴᠡᠷᠢᠭ ᠲᠤᠷᠲᠤᠯ ᠦᠭᠡᠢ ᠬᠣᠲᠠᠨ ᠤ᠋ ᠢᠷᠣᠭᠠᠷ ᠬᠦᠷᠴᠦ ᠢᠷᠡᠨ ᠨᠢᠭᠡᠨ ᠵᠡᠷᠭᠡ ᠦᠬᠡᠷ ᠫᠤᠤ ᠲᠠᠯᠪᠢᠭ᠍ᠰᠠᠨ ᠳ᠋ᠤᠷ ᠭᠡᠨᠡᠳᠲᠡ ᠬᠣᠲᠠᠨ ᠤ᠋ ᠳᠡᠭᠡᠷ᠎ᠡ ᠳᠥᠷᠪᠡᠨ ᠠᠰᠠᠷ ᠲᠤᠷ ᠦᠢᠮᠡᠯᠳᠦᠵᠦ ᠬᠣᠲᠠᠨ ᠤ᠋ ᠳᠣᠲᠣᠷᠠᠬᠢ ᠣᠯᠠᠨ ᠪᠠᠶᠠᠴᠤᠳ ᠬᠡᠦᠬᠡᠳ ᠳᠡᠭᠦᠦ ᠨᠠᠷ ᠤᠷᠤᠭ ᠰᠠᠳᠤᠨ ᠲᠥᠷᠥᠯ ᠲᠥᠷᠥᠭᠰᠡᠨ ᠬᠠᠮᠲᠤᠪᠠᠷ ᠭᠠᠷ ᠬᠥᠳᠡᠯᠵᠦ᠂ ᠬᠠᠭᠠᠯᠭ᠎ᠠ ᠰᠠᠬᠢᠭ᠍ᠰᠠᠨ ᠴᠡᠷᠢᠭ ᠢ᠋ ᠠᠯᠠᠵᠤ ᠬᠠᠭᠠᠯᠭ᠎ᠠ ᠨᠡᠭᠡᠭᠡᠭᠰᠡᠨ ᠳ᠋ᠦ᠍ᠷ ᠮᠥᠨ ᠬᠦ᠌  ᠪᠤᠭᠤᠷᠵᠢ ᠲᠡᠷᠢᠭᠦᠯᠡᠨ ᠠᠯᠠᠨ ᠣᠷᠣᠪᠠ᠃ ᠬᠣᠲᠠ ᠶ᠋ᠢᠨ ᠳᠤᠮᠳᠠ ᠳ᠋ᠤᠷ ᠬᠦᠷᠪᠡᠰᠦ ᠳᠥᠷᠪᠡᠨ ᠬᠠᠭᠠᠯᠭ᠎ᠠ ᠳ᠋ᠤᠷ ᠲᠠᠪᠤᠨ ᠪᠠᠷᠰ ᠤ᠋ᠨ ᠵᠠᠩᠵᠤᠨ ᠬᠠᠮᠲᠤ ᠪᠠᠷ ᠣᠷᠣᠵᠤ ᠡᠴᠢᠭᠡᠳ ᠭᠠᠭᠴᠠ ᠵᠠᠷᠯᠠᠬᠤ ᠠᠨᠤ :《ᠰᠤᠯᠠ ᠢᠷᠭᠡᠨ ᠢ᠋ ᠠᠯᠠᠭᠰᠠᠨ ᠴᠡᠷᠢᠭ ᠢ᠋ ᠠᠮᠢ ᠪᠠᠷ ᠠᠨᠤ ᠲᠥᠯᠥᠭᠦᠯᠦᠮᠦᠢ ! 》ᠭᠡᠮᠡᠨ ᠴᠠᠭᠠᠵᠠ ᠵᠠᠷᠯᠠᠭᠰᠠᠨ ᠳ᠋ᠤᠷ ᠡᠨᠡ ᠵᠠᠷᠯᠢᠭ ᠳᠥᠷᠪᠡᠨ ᠵᠦᠭ ᠲᠠᠷᠬᠠᠵᠤ ᠬᠥᠷᠥᠭᠰᠡᠨ᠎ᠡ᠂ ᠰᠢᠶᠠ ᠤᠯᠤᠰ ᠤ᠋ᠨ ᠴᠡᠷᠢᠭ ᠨᠡᠢᠲᠡ ᠪᠡᠷ ᠴᠥᠮ ᠵᠠᠷ ᠵᠡᠪᠰᠡᠭ ᠬᠤᠶᠠᠭ ᠳᠤᠭᠤᠯᠠᠭ᠎ᠠ ᠪᠠᠨ ᠲᠠᠢᠯᠵᠤ ᠰᠤᠯᠠ ᠢᠷᠭᠡᠨ ᠪᠣᠯᠤᠭᠰᠠᠨ ᠠᠨᠤ ᠬᠠᠭᠠᠰ᠂ ᠭᠠᠭᠴᠠ ᠲᠠᠢᠹᠦ᠋ ᠲᠦᠰᠢᠮᠡᠯ ᠱ᠌ᠢᠪᠢᠱ᠌ᠢ᠂ ᠲᠠᠢᠽᠢ ᠶ᠋ᠢ ᠬᠠᠮᠠᠭᠠᠯᠠᠨ ᠭᠠᠷᠰᠤᠭᠠᠢ ᠭᠡᠮᠡᠨ ᠰᠤᠯᠠ ᠴᠡᠷᠢᠭ ᠢ᠋ᠶ᠋ᠡᠷ ᠵᠠᠰᠠᠵᠤ ᠵᠠᠮ ᠪᠤᠷᠤᠭᠤᠯᠠᠨ ᠡᠴᠢᠬᠦᠶ᠎ᠡ ᠴᠢᠪᠬᠢᠲᠡᠯ᠎ᠡ ᠪᠠᠰᠠ ᠪᠤᠭᠤᠷᠵᠢ ᠳ᠋ᠤᠷ ᠤᠴᠠᠷᠠᠵᠤ ᠬᠡᠳᠦᠨᠲᠡ ᠵᠥᠷᠢᠴᠡᠯᠳᠦᠭᠰᠡᠨ ᠦᠭᠡᠢ ᠱ᠌ᠢᠪᠢᠱ᠌ᠢ ᠪᠠᠢᠯᠳᠤᠨ ᠲᠡᠩᠴᠡᠬᠦ ᠦᠭᠡᠢ ᠰᠠᠶᠢ ᠳᠤᠲᠠᠭᠠᠰᠤᠭᠠᠢ ᠬᠡᠮᠡᠲᠡᠯ᠎ᠡ ᠪᠤᠭᠤᠷᠵᠢ ᠪᠠᠷᠠᠭᠤᠨ ᠮᠥᠷᠥ ᠶ᠋ᠢ ᠵᠢᠳᠠᠯᠠᠨ ᠤᠨᠠᠭᠠᠵᠤ ᠪᠠᠷᠢᠵᠤ ᠬᠦᠯᠢᠪᠡ᠂ ᠡᠨᠡ ᠴᠢᠯᠥᠭᠡᠨ ᠳ᠋ᠦ᠍ᠷ ᠲᠠᠢᠽᠢ ᠪᠠᠨ ᠬᠠᠮᠠᠭᠠᠯᠠᠨ ᠬᠣᠲᠠᠨ ᠠ᠋ᠴᠠ ᠰᠤᠯᠠ ᠢᠷᠭᠡᠨ ᠦ᠌ ᠶᠠᠩᠵᠤ ᠪᠠᠷ ᠳᠤᠲᠠᠭᠠᠨ ᠭᠠᠷᠴᠤ ᠰᠥᠨᠢ ᠳᠦᠯᠢ ᠪᠡᠷ ᠵᠦᠩ ᠰᠢᠩ  ᠹᠦ ᠶ᠋ᠢᠨ ᠵᠦᠭ ᠳᠤᠲᠠᠭᠠᠨ ᠡᠴᠢᠪᠡ᠃ ᠵᠢᠴᠢ ᠡᠳᠦᠷ ᠬᠣᠲᠠᠨ ᠢ᠋ ᠲᠣᠭᠲᠠᠭᠠᠭᠠᠳ ᠮᠤᠬᠤᠯᠢ ᠬᠠᠭᠠᠨ ᠳ᠋ᠤᠷ ᠠᠢᠯᠠᠳᠬᠠᠨ ᠲᠠᠯᠪᠢᠯ ᠦᠭᠡᠢ ᠨᠡᠬᠡᠵᠦ ᠣᠷᠣᠪᠠ᠃ ᠡᠨᠡ ᠦᠶ᠎ᠡ ᠳ᠋ᠦ᠍ᠷ ᠰᠠᠷᠲᠠᠭᠴᠢᠨ ᠤ᠋ ᠴᠡᠷᠢᠭ ᠡᠮᠦᠨ᠎ᠡ ᠣᠷᠣᠵᠤ ᠴᠠᠪᠴᠢᠨ ᠶᠠᠪᠤᠬᠤ ᠠᠨᠤ ᠦᠨᠡᠬᠡᠷ ᠰᠠᠯᠬᠢᠨ ᠭᠠᠯ ᠮᠡᠲᠦ᠃ ᠰᠢᠶᠠ ᠤᠯᠤᠰ ᠤ᠋ᠨ ᠴᠡᠷᠢᠭ ᠦ᠋ᠨ ᠳᠠᠭᠠᠭᠰᠠᠨ ᠠᠨᠤ ᠪᠠᠰᠠ ᠲᠠᠪᠤᠨ ᠲᠦᠮᠡᠨ ᠢᠯᠡᠭᠦᠦ᠂ ᠮᠣᠩᠭᠣᠯ ᠤ᠋ᠨ ᠠᠷᠪᠠᠨ ᠲᠠᠪᠤᠨ ᠲᠦᠮᠡᠨ ᠴᠡᠷᠢᠭ ᠯᠦ᠍ᠭᠡ ᠨᠡᠢᠲᠡ ᠭᠤᠴᠢᠨ ᠲᠦᠮᠡᠨ ᠪᠣᠯᠵᠤ᠂ ᠰᠢᠶᠠ ᠤᠯᠤᠰ ᠤ᠋ᠨ ᠮᠣᠩᠭᠣᠯ ᠢ᠋ ᠰᠡᠷᠭᠡᠢᠯᠡᠭᠰᠡᠨ ᠤᠷᠲᠤ ᠬᠡᠷᠡᠮ ① ᠦ᠋ᠨ ᠢ ᠮᠧᠨ ᠬᠠᠭᠠᠯᠭ᠎ᠠ ᠪᠠᠷ ᠣᠷᠣᠬᠤᠶ᠎ᠠ᠂ ᠬᠠᠭᠠᠯᠭ᠎ᠠ ᠰᠠᠬᠢᠭ᠍ᠰᠠᠨ ᠶᠡᠬᠡ ᠶᠤᠸᠠᠨᠱᠤᠸᠠᠢ ᠸᠧᠢ ᠮᠢᠩ ᠯᠢᠩ ᠬᠦᠩ ᠬᠡᠳᠦᠢᠨᠡᠢ ᠡᠴᠡ ᠠᠭᠤᠷᠯᠠᠵᠤ ᠪᠠᠢᠭᠰᠠᠨ ᠲᠤᠯᠠ ᠲᠠᠢᠽᠢ ᠽᠦᠨ ᠰᠢᠦᠢ ᠶ᠋ᠢ  ᠤᠭᠲᠤᠨ ᠣᠷᠣᠭᠤᠯᠵᠤ ᠬᠠᠷᠠᠬᠠᠨ ᠪᠠᠷᠳᠠᠮᠯᠠᠨ ᠣᠮᠣᠷᠬᠠᠬᠤᠶ᠎ᠠ᠂ ᠮᠣᠩᠭᠣᠯ ᠤ᠋ᠨ ᠴᠡᠷᠢᠭ ᠨᠣᠭᠣᠭ᠎ᠠ ᠬᠡᠷᠴᠢᠵᠦ ᠡᠪᠡᠰᠦ ᠬᠠᠳᠤᠬᠤ ᠮᠡᠲᠦ ᠴᠣᠬᠢᠨ ᠬᠦᠷᠴᠦ ᠢᠷᠡᠭᠰᠡᠨ ᠳ᠋ᠦ᠍ᠷ ᠸᠧᠢ ᠮᠢᠩ ᠯᠢᠩ ᠬᠦᠩ ᠠᠷᠪᠠᠨ ᠲᠦᠮᠡᠨ ᠴᠡᠷᠢᠭ ᠢ᠋ᠶ᠋ᠡᠨ ᠬᠠᠭᠠᠯᠭᠠᠨ ᠤ᠋ ᠭᠠᠳᠠᠨ᠎ᠠ ᠪᠠᠭᠤᠳᠠᠯᠯᠠᠭᠤᠯᠵᠤ ᠬᠦᠯᠢᠶᠡᠵᠦ ᠪᠠᠢᠭᠰᠠᠨ ᠲᠤᠯᠠ ᠮᠣᠩᠭᠣᠯ ᠤ᠋ᠨ ᠴᠡᠷᠢᠭ ᠦ᠋ᠨ ᠬᠣᠰᠢᠭᠤᠴᠢ ᠶᠡᠬᠡ ᠵᠠᠩᠵᠤᠨ ᠲᠠᠢᠹᠦ᠋ ᠪᠤᠭᠤᠷᠵᠢ᠂ ᠰᠠᠷᠲᠠᠭᠴᠢᠨ ᠤ᠋ ᠠᠷᠪᠠᠨ ᠲᠦᠮᠡᠨ ᠴᠡᠷᠢᠭ ᠥᠪᠡᠷ ᠦ᠋ᠨ ᠬᠣᠶᠠᠷ ᠲᠦᠮᠡᠨ ᠢ᠋ ᠠᠪᠴᠤ ᠴᠣᠬᠢᠨ ᠬᠦᠷᠴᠦ ᠢᠷᠡᠭᠡᠳ ᠰᠢᠶᠠ ᠤᠯᠤᠰ ᠤ᠋ᠨ ᠴᠡᠷᠢᠭ ᠪᠡᠯᠡᠬᠡᠨ ᠤᠭᠲᠤᠭᠰᠠᠨ ᠢ᠋ ᠦᠵᠡᠭᠡᠳ ᠶᠡᠬᠡᠯ᠎ᠡ ᠠᠭᠤᠷᠯᠠᠨ ᠳᠠᠷᠤᠢ ᠵᠣᠭᠰᠣᠭ᠎ᠠ ᠪᠠᠷ ᠵᠢᠭ᠍ᠰᠠᠭᠠᠯ ᠵᠢᠭ᠍ᠰᠠᠭᠠᠨ ᠶᠡᠬᠡ ᠬᠡᠩᠭᠡᠷᠭᠡ ᠴᠣᠬᠢᠭᠤᠯᠵᠤ ᠵᠢᠭ᠍ᠰᠠᠭᠠᠯ ᠤ᠋ᠨ ᠡᠮᠦᠨ᠎ᠡ ᠭ᠍ᠡᠷᠪᠠᠰᠤ᠂ ᠰᠢᠶᠠ ᠤᠯᠤᠰ ᠤ᠋ᠨ ᠴᠡᠷᠢᠭ ᠦ᠋ᠨ ᠬᠦᠷᠢᠶ᠎ᠡ ᠡᠴᠡ ᠸᠧᠢ ᠮᠢᠩ ᠯᠢᠩ ᠬᠦᠩ ᠭᠠᠷᠴᠤ ᠢᠷᠡᠭᠡᠳ ᠬᠣᠶᠠᠷ ᠡᠲᠡᠭᠡᠳ ᠨᠡᠷ᠎ᠡ ᠣᠪᠣᠭ ᠢ᠋ᠶ᠋ᠠᠨ ᠠᠰᠠᠭᠤᠯᠴᠠᠵᠤ ᠬᠡᠩᠭᠡᠷᠭᠡ ᠭᠤᠷᠪᠠᠨᠲᠠ ᠳᠡᠯᠡᠳᠦᠨ ᠬᠣᠶᠠᠷ ᠵᠠᠩᠵᠤᠨ ᠪᠠᠢᠯᠳᠤᠨ ᠣᠷᠣᠵᠤ ᠬᠣᠷᠢᠨ ᠤᠳᠠᠭ᠎ᠠ ᠪᠣᠯᠤᠭᠰᠠᠨ ᠦᠭᠡᠢ᠂ ᠪᠤᠭᠤᠷᠵᠢ ᠭᠡᠨᠡᠳᠲᠡ ᠪᠡᠶ᠎ᠡ ᠤᠷᠪᠠᠨ  ᠸᠧᠢ ᠮᠢᠩ ᠯᠢᠩ ᠬᠦᠩ ᠦ᠋ᠨ ᠳ᠋ᠠᠮ ᠢᠯᠳᠦᠨ ᠦ᠌ ᠳᠣᠣᠭᠤᠷ ᠰᠢᠷᠭᠤᠨ ᠭᠠᠷᠴᠤ ᠪᠠᠷᠠᠭᠤᠨ ᠭᠠᠷ ᠢ᠋ᠶ᠋ᠠᠨ ᠨᠢᠭᠡᠨᠲᠡ ᠰᠤᠩᠭᠠᠵᠤ᠂ ᠸᠧᠢ ᠮᠢᠩ ᠯᠢᠩ ᠬᠦᠩ ᠦ᠋ᠨ ᠳ᠋ᠠᠮ ᠢᠯᠳᠦᠨ ᠢ᠋ ᠰᠤᠭᠤᠨ ᠳ᠋ᠤᠷ ᠢ᠋ᠶ᠋ᠠᠨ ᠬᠠᠪᠴᠢᠵᠤ ᠪᠠᠷᠠᠭᠤᠨ ᠭᠠᠷ ᠢ᠋ᠶ᠋ᠠᠷ ᠸᠧᠢ ᠮᠢᠩ ᠯᠢᠩ ᠬᠦᠩ ᠦ᠋ᠨ ᠨᠢᠭᠤᠷ ᠡᠰᠡᠷᠭᠦ ᠨᠢᠭᠡᠨᠲᠡ ᠠᠯᠠᠭᠠᠳᠠᠵᠤ᠂ ᠠᠮᠠᠨ ᠬᠦᠵᠦᠭᠦᠦ ᠡᠴᠡ ᠪᠠᠵᠠᠵᠤ᠂ ᠮᠣᠷᠢᠨ ᠠ᠋ᠴᠠ ᠴᠢᠷᠦᠨ ᠪᠠᠭᠤᠯᠭᠠᠵᠤ᠂ ᠵᠢᠭ᠍ᠰᠠᠭᠠᠯ ᠳ᠋ᠠᠭᠠᠨ ᠴᠢᠷᠴᠦ ᠳᠣᠪᠲᠣᠯᠤᠨ ᠣᠷᠣᠪᠠ᠃ ᠰᠢᠶᠠ ᠤᠯᠤᠰ ᠤ᠋ᠨ ᠴᠡᠷᠢᠭ ᠠᠶᠤᠵᠤ ᠪᠡᠭᠲᠡᠷᠦᠭᠡᠳ ᠪᠤᠯᠢᠶᠠᠨ ᠵᠠᠪᠳᠤᠭᠰᠠᠨ ᠦᠭᠡᠢ ᠨᠢᠭᠡᠨᠲᠡ ᠬᠠᠰᠬᠢᠷᠤᠨ ᠬᠠᠭᠠᠯᠭ᠎ᠠ ᠶ᠋ᠢᠨ ᠵᠦᠭ ᠪᠤᠷᠤᠭᠤᠯᠠᠬᠤᠢ ᠳ᠋ᠤᠷ ᠪᠤᠭᠤᠷᠵᠢ ᠸᠧᠢ ᠮᠢᠩ ᠯᠢᠩ ᠬᠦᠩ ᠢ᠋ ᠮᠣᠷᠢᠨ ᠤ᠋ ᠳᠡᠭᠡᠷ᠎ᠡ ᠬᠦᠯᠢᠭᠦᠯᠵᠦ ᠴᠡᠷᠢᠭ ᠢ᠋ ᠱᠠᠭᠠᠷᠳᠠᠨ ᠬᠠᠭᠠᠯᠭᠠᠨ ᠤ᠋ ᠢᠷᠣᠭᠠᠷ ᠬᠦᠷᠴᠦ ᠸᠧᠢ ᠮᠢᠩ ᠯᠢᠩ ᠬᠦᠩ ᠦ᠋ᠨ ᠬᠦᠵᠦᠭᠦᠨ ᠳ᠋ᠦ᠍ᠷ ᠢᠯᠳᠦ ᠲᠠᠯᠪᠢᠨ ᠬᠠᠭᠠᠯᠭ᠎ᠠ ᠡᠰᠡ ᠨᠡᠭᠡᠭᠡᠪᠡᠰᠦ ᠠᠯᠠᠮᠤᠢ ᠬᠡᠮᠡᠬᠦᠢ ᠳ᠋ᠦ᠍ᠷ ᠬᠠᠭᠠᠯᠭ᠎ᠠ ᠰᠠᠬᠢᠭ᠍ᠰᠠᠨ ᠪᠠᠭ᠎ᠠ ᠲᠦᠰᠢᠮᠡᠯ ᠴᠥᠮ ᠸᠧᠢ ᠮᠢᠩ ᠯᠢᠩ ᠬᠦᠩ ᠦ᠋ᠨ ᠳᠣᠣᠷᠠᠲᠤ ᠲᠦᠰᠢᠮᠡᠯ ᠲᠤᠯᠠ ᠸᠧᠢ ᠮᠢᠩ ᠯᠢᠩ ᠬᠦᠩ ᠢ᠋ ᠠᠯᠠᠬᠤ ᠠ᠋ᠴᠠ ᠠᠶᠤᠵᠤ ᠶᠠᠭᠠᠷᠠᠨ ᠬᠠᠭᠠᠯᠭ᠎ᠠ ᠪᠠᠨ ᠨᠡᠭᠡᠭᠡᠵᠦ ᠳᠤᠲᠠᠭᠠᠨ ᠡᠴᠢᠪᠡ᠃ 
       ᠲᠡᠳᠦᠢ ᠬᠠᠭᠠᠨ ᠤ᠋ ᠭᠡᠭᠡᠨ ᠦ᠌ ᠶᠡᠬᠡ ᠴᠡᠷᠢᠭ ᠬᠦᠷᠴᠦ ᠢᠷᠡᠭᠰᠡᠨ ᠳ᠋ᠦ᠍ᠷ ᠪᠤᠭᠤᠷᠵᠢ ᠸᠧᠢ ᠮᠢᠩ ᠯᠢᠩ ᠬᠦᠩ ᠢ᠋ ᠬᠦᠯᠢᠵᠦ ᠤᠭᠲᠤᠨ ᠵᠣᠯᠭᠠᠵᠤ ᠠᠭᠤᠯᠵᠠᠭᠰᠠᠨ ᠳ᠋ᠤᠷ ᠬᠠᠭᠠᠨ ᠤ᠋ ᠭᠡᠭᠡᠨ ᠮᠤᠬᠤᠯᠢ ᠨᠠᠷ ᠶᠡᠬᠡᠯ᠎ᠡ ᠭᠠᠢᠬᠠᠯᠳᠤᠨ ᠪᠠᠶᠠᠷᠯᠠᠵᠤ ᠮᠣᠳᠣᠷ ᠢ᠋ᠶ᠋ᠠᠷ ᠠᠷᠢᠬᠢ ᠬᠠᠢᠷᠠᠯᠠᠨ᠂ ᠮᠤᠬᠤᠯᠢ ᠪᠠᠰᠠ ᠠᠷᠢᠬᠢ ᠪᠠᠷᠢᠪᠠ᠃ ᠲᠡᠳᠦᠢ ᠴᠡᠷᠢᠭ ᠢ᠋ ᠵᠣᠭᠰᠣᠭᠠᠯ ᠦᠭᠡᠢ ᠪᠡᠷ ᠬᠣᠶᠠᠷ ᠡᠳᠦᠷ ᠰᠢᠭᠤᠳ ᠶᠠᠪᠤᠵᠤ᠂ ᠰᠢᠶᠠ ᠤᠯᠤᠰ ᠤ᠋ᠨ ᠨᠡᠢᠰᠯᠡᠬᠦ ᠰᠢᠩ ᠴᠢᠩ ᠹᠦ ᠬᠣᠲᠠ ᠳ᠋ᠤᠷ ᠬᠦᠷᠴᠦ ᠬᠠᠭᠠᠰ ᠰᠠᠷ᠎ᠠ ᠢᠯᠡᠭᠦᠦ ᠬᠠᠭᠠᠵᠤ ᠪᠠᠢᠯᠳᠤᠬᠤᠶ᠎ᠠ᠂ ᠮᠤᠬᠤᠯᠢ ᠮᠣᠷᠢ ᠤᠨᠤᠵᠤ ᠰᠢᠩ ᠴᠢᠩ  ᠹᠦ ᠶ᠋ᠢ ᠲᠣᠭᠣᠷᠢᠨ ᠠᠭᠤᠯᠠ ᠤᠰᠤ ᠶ᠋ᠢ ᠰᠢᠨᠵᠢᠭᠡᠳ ᠭᠡᠨᠡᠳᠲᠡ ᠰᠢᠩ ᠴᠢᠩ  ᠹᠦ ᠶ᠋ᠢᠨ ᠪᠠᠷᠠᠭᠤᠨ ᠡᠮᠦᠨ᠎ᠡ ᠡᠴᠡ ᠵᠡᠭᠦᠨ ᠵᠦᠭ ᠤᠷᠤᠰᠬᠤ ᠯᠠᠩ ᠾᠧ ᠮᠥᠷᠡᠨ ᠢ᠋ ᠦᠵᠡᠭᠡᠳ ᠳᠠᠷᠤᠢ ᠤᠰᠤ ᠪᠠᠷ ᠪᠢᠯᠬᠠᠬᠤ ᠠᠷᠭ᠎ᠠ ᠶ᠋ᠢ ᠣᠯᠵᠤ ᠲᠦᠷᠭᠡᠨ ᠬᠠᠭᠠᠨ ᠳ᠋ᠤᠷ ᠠᠢᠯᠠᠳᠬᠠᠨ ᠲᠣᠭᠲᠠᠭᠠᠵᠤ᠂ ᠳᠠᠷᠤᠢ ᠲᠠᠪᠤᠨ ᠲᠦᠮᠡᠨ ᠴᠡᠷᠢᠭ ᠢ᠋ ᠠᠪᠴᠤ ᠶᠡᠬᠡ ᠤᠨᠠᠭᠤᠯᠢ ᠤᠬᠤᠵᠤ ᠪᠡᠯᠡᠨ ᠪᠣᠯᠤᠭᠰᠠᠨ ᠬᠣᠢᠨ᠎ᠠ᠂ ᠰᠠᠶᠢ ᠤᠭᠤᠲᠠᠨ ᠳ᠋ᠤᠷ ᠡᠯᠡᠰᠦ ᠳᠦᠭᠦᠷᠭᠡᠵᠦ ᠶᠡᠬᠡ ᠤᠷᠤᠰᠬᠠᠯ ᠢ᠋ ᠪᠥᠭᠯᠡᠭᠰᠡᠨ ᠳ᠋ᠦ᠍ᠷ ᠯᠠᠩ ᠾᠧ ᠮᠥᠷᠡᠨ ᠳᠠᠷᠤᠢ ᠪᠢᠯᠬᠠᠨ ᠡᠭᠦᠰᠬᠡᠪᠡ ᠃ ᠲᠡᠳᠦᠢ ᠬᠣᠲᠠᠨ ᠤ᠋ ᠣᠢᠷ᠎ᠠ ᠬᠦᠷᠴᠦ ᠢᠷᠡᠬᠦᠢ ᠳ᠋ᠦ᠍ᠷ ᠮᠣᠩᠭᠣᠯ ᠤ᠋ᠨ ᠴᠡᠷᠢᠭ ᠠᠯᠭᠤᠷ ᠤᠰᠤᠨ ᠤ᠋ ᠬᠥᠪᠡᠭᠡ ᠳᠠᠭᠠᠵᠤ ᠬᠠᠭᠠᠮᠤᠢ ᠂ ᠤᠰᠤ ᠴᠡᠷᠢᠭ ᠬᠣᠶᠠᠷ ᠵᠠᠯᠭᠠᠯᠳᠤᠨ ᠬᠠᠭᠠᠵᠤ ᠰᠢᠶᠠ ᠤᠯᠤᠰ ᠤ᠋ᠨ ᠬᠣᠲᠠ ᠠᠪᠲᠠᠬᠤ ᠠᠨᠤ ᠥᠷᠯᠥᠭᠡ ᠦᠳᠡᠰᠢ ᠪᠣᠯᠤᠭᠰᠠᠨ ᠳ᠋ᠤᠷ ᠰᠢᠶᠠ ᠤᠯᠤᠰ ᠤ᠋ᠨ ᠡᠵᠡᠨ ᠬᠣᠲᠠ ᠳ᠋ᠤᠷ ᠭᠠᠷᠴᠤ ᠦᠵᠡᠪᠡᠰᠦ ᠮᠣᠩᠭᠣᠯ ᠤ᠋ᠨ ᠤᠬᠤᠭᠰᠠᠨ ᠤᠨᠠᠭᠤᠯᠢ ᠶ᠋ᠢᠨ ᠬᠥᠪᠡᠭᠡ ᠳᠦᠭᠦᠷᠡᠩ ᠤᠰᠤᠨ ᠤ᠋ ᠠᠮᠢᠲᠠᠨ ᠵᠣᠭᠰᠣᠵᠤ᠂ ᠤᠰᠤ ᠶ᠋ᠢ ᠬᠣᠷᠢᠵᠤ ᠤᠨᠠᠭᠤᠯᠢ ᠠ᠋ᠴᠠ ᠬᠡᠳᠦ ᠬᠡᠳᠦᠨ ᠲᠣᠬᠣᠢ ᠥᠨᠳᠥᠷ ᠲᠠᠪᠤᠯᠬᠤ ᠪᠥᠭᠡᠳ ᠴᠢᠨᠠᠭ᠍ᠰᠢ ᠰᠠᠳᠠᠷᠠᠨ ᠭᠠᠷᠬᠤ ᠦᠭᠡᠢ᠂ ᠤᠨᠠᠭᠤᠯᠢ ᠶ᠋ᠢᠨ ᠳᠤᠮᠳᠠ ᠠᠨᠤ ᠨᠢᠭᠡᠨ ᠯᠤᠤ ᠶ᠋ᠢᠨ ᠲᠣᠯᠣᠭᠠᠢᠲᠤ ᠬᠥᠮᠦᠨ ᠵᠣᠭᠰᠣᠵᠤ ᠪᠠᠢᠬᠤ ᠪᠠᠷ ᠦᠵᠡᠭᠳᠡᠪᠡ᠃ ᠡᠭᠦᠨ ᠳ᠋ᠦ᠍ᠷ ᠯᠢ ᠠᠨ ᠴᠢᠤᠸᠠᠨ ᠥᠭᠦᠯᠡᠷᠦᠨ : 《ᠠᠶ᠎ᠠ ᠡᠨᠡ ᠯᠠᠪ ᠲᠡᠭᠷᠢ ᠶ᠋ᠢᠨ ᠲᠤᠰᠠᠯᠠᠯ ᠡᠰᠡ ᠳᠠᠭᠠᠪᠠᠰᠤ ᠪᠣᠯᠬᠤ ᠦᠭᠡᠢ ᠪᠣᠯᠪᠠ᠂ ᠨᠡᠩ ᠪᠠᠰᠠ ᠮᠢᠨᠦ ᠬᠠᠢᠷᠠᠲᠤ ᠲᠦᠰᠢᠮᠡᠳ ᠬᠡᠳᠦ ᠬᠡᠳᠦᠨ ᠢ᠋ ᠮᠣᠩᠭᠣᠯ ᠠᠮᠢᠳᠤ ᠪᠠᠷᠢᠵᠤ ᠪᠣᠢ᠃ 》ᠭᠡᠮᠡᠨ ᠲᠠᠢᠹᠦ᠋ ᠲᠦᠰᠢᠮᠡᠯ ᠯᠢᠦ ᠪᠦᠸᠧ ᠯᠢᠨ ᠦ᠌ ᠦᠭᠡ ᠪᠡᠷ ᠳᠠᠭᠠᠬᠤ ᠰᠡᠳᠬᠢᠯ ᠲᠣᠭᠲᠠᠪᠠ᠃ ᠡᠨᠡ ᠦᠶ᠎ᠡ ᠳ᠋ᠦ᠍ ᠣᠬᠣᠭᠰᠠᠨ ᠤᠨᠠᠭᠤᠯᠢ ᠤᠰᠤᠨ ᠤ᠋ ᠲᠡᠯᠡᠬᠦᠢ ᠳ᠋ᠦ᠍ᠷ ᠰᠡᠲᠡᠷᠡᠬᠦ ᠰᠢᠬᠠᠭᠰᠠᠨ ᠳ᠋ᠤᠷ ᠬᠠᠭᠠᠨ ᠤ᠋ ᠭᠡᠭᠡᠨ ᠪᠡᠶ᠎ᠡ ᠪᠡᠷ ᠡᠴᠢᠵᠦ ᠦᠵᠡᠭᠡᠳ ᠤᠨᠠᠭᠤᠯᠢ ᠳᠡᠯᠡᠳᠬᠦ ᠴᠡᠷᠢᠭ ᠢ᠋ ᠵᠣᠭᠰᠣᠭᠠᠵᠤ ᠴᠥᠮ ᠤᠰᠤᠨ ᠮᠡᠳᠡᠭᠡ ᠭᠠᠷᠭᠠᠵᠤ ᠥᠪᠡᠷ ᠦ᠋ᠨ ᠰᠠᠭᠠᠳᠠᠭ ᠤ᠋ᠨ ᠰᠤᠮᠤ ᠶ᠋ᠢ ᠠᠪᠴᠤ ᠭᠠᠵᠠᠷ ᠬᠠᠳᠬᠤᠵᠤ ᠥᠨᠳᠥᠷ ᠳᠠᠭᠤᠨ ᠢ᠋ᠶ᠋ᠠᠷ ᠵᠠᠷᠯᠢᠭ ᠪᠣᠯᠤᠷᠤᠨ :《ᠲᠡᠭᠷᠢ ᠡᠴᠢᠭᠡ ᠰᠢᠶᠠ ᠤᠯᠤᠰ ᠢ᠋ ᠨᠠᠳᠠ ᠲᠤᠷ ᠬᠤᠷᠢᠶᠠᠯᠭᠠᠪᠠᠰᠤ ᠡᠨᠡ ᠤᠨᠠᠭᠤᠯᠢ ᠬᠡᠳᠦᠨ ᠡᠳᠦᠷ ᠦᠯᠦ ᠰᠡᠳᠡᠷᠡᠮᠦ 》ᠭᠡᠮᠡᠨ ᠰᠤᠮᠤ ᠶ᠋ᠢ ᠲᠡᠷᠡ ᠤᠨᠠᠭᠤᠯᠢ ᠳ᠋ᠤᠷ ᠬᠠᠳᠬᠤᠭᠰᠠᠨ ᠳ᠋ᠤᠷ ᠦᠵᠡᠵᠦ ᠪᠠᠢᠲᠠᠯ᠎ᠠ ᠳᠣᠲᠣᠷ᠎ᠠ ᠠ᠋ᠴᠠ ᠴᠠᠭᠠᠨ ᠡᠯᠡᠰᠦ ᠰᠢᠪᠠᠷ ᠲᠦᠯᠬᠢᠨ ᠭᠠᠷᠴᠤ ᠤᠨᠠᠭᠤᠯᠢ ᠶ᠋ᠢᠨ ᠯᠡᠪᠡᠷᠡᠬᠦ ᠢᠨᠦ ᠵᠣᠭᠰᠣᠭᠰᠠᠨ ᠳ᠋ᠤᠷ ᠬᠠᠭᠠᠨ ᠬᠠᠯᠬᠠᠯᠠᠬᠤ ᠶ᠋ᠢ ᠪᠠᠢᠵᠤ᠂ ᠳᠠᠷᠤᠢ ᠰᠢᠩ ᠴᠢᠩ ᠹᠦ ᠬᠣᠲᠠ ᠶ᠋ᠢᠨ ᠬᠣᠢᠨ᠎ᠠ ᠢᠷᠡᠵᠦ ᠬᠠᠳᠬᠤᠬᠤᠢ ᠳ᠋ᠤᠷ ᠬᠣᠲᠠᠨ ᠤ᠋ ᠲᠠᠷᠠᠴᠠ ᠵᠡᠪᠡ ᠳ᠋ᠦ᠍ᠷ ᠳᠠᠭᠠᠬᠤ ᠲᠡᠮᠳᠡᠭ ᠤᠶᠠᠵᠤ ᠬᠠᠷᠪᠤᠨ ᠢᠷᠡᠭᠰᠡᠨ ᠳ᠋ᠦ᠍ᠷ ᠬᠠᠭᠠᠨ ᠤ᠋ ᠭᠡᠭᠡᠨ ᠪᠡᠶᠡᠰᠦᠨ ᠬᠡᠨ ᠡᠴᠢᠮᠦᠢ ᠬᠡᠮᠡᠬᠦᠢ ᠳ᠋ᠦ᠍ᠷ ᠬᠠᠷ᠎ᠠ ᠬᠢᠷᠤ ᠶ᠋ᠢᠨ ᠬᠣᠶᠠᠷ ᠬᠥᠪᠡᠭᠦᠨ ᠳᠣᠣᠷᠠᠲᠤ ᠵᠠᠮ ᠤ᠋ᠨ ᠲᠠᠢᠹᠦ᠋ ᠲᠦᠰᠢᠮᠡᠯ ᠥᠳᠥ᠂ ᠰᠣᠳᠣ ᠠᠬ᠎ᠠ ᠳᠡᠭᠦᠦ ᠬᠣᠶᠠᠭᠤᠯᠠ ᠶᠠᠭᠠᠷᠠᠨ ᠭᠠᠷᠴᠤ 《ᠲᠦᠰᠢᠮᠡᠯ ᠪᠢᠳᠡ ᠡᠴᠢᠬᠦᠢ ᠶ᠋ᠢ ᠬᠦᠰᠡᠮᠦᠢ ! 》ᠬᠡᠮᠡᠭᠰᠡᠨ ᠳ᠋ᠦ᠍ᠷ ᠬᠠᠭᠠᠨ ᠤ᠋ ᠭᠡᠭᠡᠨ ᠪᠠᠶᠠᠷᠯᠠᠵᠤ ᠬᠣᠶᠠᠭᠤᠯᠠ ᠳ᠋ᠤᠷ ᠵᠣᠣ ᠪᠢᠴᠢᠭ ᠢ᠋ ᠡᠭᠦᠷᠦᠭᠦᠯᠦᠨ ᠰᠢᠩ ᠴᠢᠩ ᠹᠦ ᠬᠣᠲᠠ ᠳ᠋ᠤᠷ ᠢᠯᠡᠭᠡᠪᠡ᠃ ᠯᠢ ᠠᠨ ᠴᠢᠤᠸᠠᠨ ᠮᠣᠩᠭᠣᠯ ᠤ᠋ᠨ ᠬᠦᠷᠢᠶ᠎ᠡ ᠡᠴᠡ ᠵᠣᠣ ᠪᠢᠴᠢᠭ ᠡᠭᠦᠷᠴᠦ ᠠᠢᠰᠤᠢ ᠭᠡᠮᠡᠨ ᠰᠣᠨᠣᠰᠴᠤ ᠶᠠᠭᠠᠷᠠᠨ ᠬᠠᠭᠠᠯᠭ᠎ᠠ ᠨᠡᠭᠡᠭᠡᠯᠭᠡᠨ ᠯᠢᠦ ᠪᠦᠸᠧ ᠯᠢᠨ ᠢ᠋ ᠭᠠᠷᠭᠠᠵᠤ ᠤᠭᠲᠤᠭᠤᠯᠤᠨ ᠣᠷᠣᠭᠤᠯᠵᠤ ᠬᠦᠵᠢᠰ ᠦ᠋ᠨ ᠰᠢᠷᠡᠭᠡ ᠪᠡᠯᠡᠳᠬᠡᠨ ᠵᠠᠷᠯᠢᠭ ᠢ᠋ ᠬᠦᠯᠢᠶᠡᠨ ᠠᠪᠴᠤ ᠮᠥᠨ ᠡᠳᠦᠷ ᠳᠠᠷᠤᠢ ᠪᠡᠶ᠎ᠡ ᠳ᠋ᠦ᠍ᠷ ᠶᠠᠯᠠᠲᠤ ᠳᠡᠪᠡᠯ ᠡᠮᠦᠰᠴᠦ ᠬᠥᠪᠡᠭᠦᠨ ᠢ᠋ᠶ᠋ᠡᠨ ᠮᠥᠨ ᠬᠦᠯᠢᠵᠦ ᠭᠠᠭᠴᠠ ᠥᠬᠢᠨ ᠯᠢ ᠰᠦᠸᠧ ᠢᠩ ᠢ᠋ ᠭᠤᠷᠪᠠᠨ ᠵᠠᠭᠤᠨ ᠬᠥᠭᠵᠢᠮ ᠦ᠋ᠨ ᠥᠬᠢᠳ ᠬᠡᠦᠬᠡᠳ ᠲᠡᠢ ᠳᠠᠭᠠᠭᠤᠯᠤᠨ᠂ ᠵᠠᠭᠤᠨ ᠲᠡᠷᠭᠡ ᠨᠠᠷᠢᠨ ᠰᠠᠪᠠ ᠰᠠᠭᠠᠯᠢ ᠠᠯᠲᠠᠨ ᠲᠣᠷᠭ᠎ᠠ ᠥᠩᠭᠡᠲᠦ ᠰᠠᠪᠠ ᠵᠡᠪᠰᠡᠭ ᠦ᠋ᠨ ᠵᠡᠷᠭᠡ᠂ ᠵᠢᠴᠢ ᠨᠠᠷᠢᠨ ᠥᠷᠭᠥᠭᠡ ᠮᠠᠢᠬᠠᠨ ᠴᠠᠴᠠᠷ ᠲᠠᠭᠲᠤ ᠲᠠᠢ ᠠᠪᠴᠤ ᠮᠣᠩᠭᠣᠯ ᠤ᠋ᠨ ᠬᠦᠷᠢᠶ᠎ᠡ ᠳ᠋ᠦ᠍ᠷ ᠳᠠᠭᠠᠷ᠎ᠠ ᠢᠷᠡᠪᠡ᠃ ᠬᠠᠭᠠᠨ ᠤ᠋ ᠭᠡᠭᠡᠨ ᠵᠠᠭᠤᠨ ᠲᠦᠰᠢᠮᠡᠳ ᠢ᠋ᠶ᠋ᠡᠨ ᠠᠪᠴᠤ ᠵᠢᠭ᠍ᠰᠠᠭᠠᠨ ᠬᠦᠯᠢᠶᠡᠬᠦᠶ᠎ᠡ᠂ ᠯᠢ ᠠᠨ ᠴᠢᠤᠸᠠᠨ ᠣᠯᠠᠨ ᠴᠡᠷᠢᠭ ᠦ᠋ᠨ ᠵᠠᠷ ᠵᠡᠪᠰᠡᠭ ᠦ᠋ᠨ ᠳᠣᠣᠭᠤᠷ ᠰᠢᠷᠭᠤᠨ ᠣᠷᠣᠵᠤ ᠢᠷᠡᠭᠡᠳ ᠬᠠᠭᠠᠨ ᠤ᠋ ᠭᠡᠭᠡᠨ ᠦ᠌ ᠨᠢᠭᠤᠷ ᠢ᠋ ᠨᠢᠭᠡᠨᠲᠡ ᠦᠵᠡᠮᠡᠭᠴᠡ ᠳᠣᠲᠣᠷ᠎ᠠ ᠰᠢᠲᠦᠨ ᠴᠢᠩ ᠦᠨᠡᠨ ᠡᠴᠡ ᠪᠡᠨ ᠠᠢᠯᠠᠳᠬᠠᠷᠤᠨ : 《ᠰᠠᠢᠳ ᠪᠢ ᠬᠡᠳᠦᠢᠨᠡᠢ ᠬᠠᠭᠠᠨ ᠤ᠋ ᠨᠢᠭᠤᠷ ᠲᠤᠷ ᠣᠯᠵᠤ ᠵᠣᠯᠭᠠᠭᠰᠠᠨ ᠪᠥᠭᠡᠰᠦ ᠦᠨᠡᠬᠡᠷ ᠡᠨᠡ ᠮᠡᠲᠦ ᠪᠠᠢᠯᠳᠤᠬᠤ ᠦᠭᠡᠢ ᠪᠥᠯᠥᠭᠡ᠂ ᠦᠨᠡᠬᠡᠷ ᠲᠡᠭᠷᠢ ᠶ᠋ᠢᠨ ᠬᠥᠪᠡᠭᠦᠨ ᠠᠵᠤᠭᠤ ! 》ᠭᠡᠮᠡᠨ ᠥᠪᠡᠷ ᠦ᠋ᠨ ᠠᠯᠪᠠ ᠡᠷᠭᠦᠬᠦ ᠪᠠ ᠭᠠᠭᠴᠠ ᠥᠬᠢᠨ ᠯᠢ ᠰᠦᠸᠧ ᠢᠩ ᠢ᠋ ᠢᠲᠡᠭᠡᠯ ᠪᠣᠯᠭᠠᠨ ᠡᠷᠭᠦᠬᠦ ᠨᠤᠭᠤᠯᠪᠤᠷᠢ ᠪᠠᠨ ᠪᠠᠷᠢᠭ᠍ᠰᠠᠨ ᠳ᠋ᠤᠷ ᠬᠠᠭᠠᠨ ᠤ᠋ ᠭᠡᠭᠡᠨ ᠶᠠᠭᠠᠷᠠᠨ ᠰᠢᠳᠠᠷ ᠰᠠᠢᠳ ᠢ᠋ᠶ᠋ᠠᠷ ᠯᠢ ᠠᠨ ᠴᠢᠤᠸᠠᠨ ᠢ᠋ ᠲᠦᠰᠢᠭᠦᠯᠦᠨ ᠪᠣᠰᠬᠠᠯᠭᠠᠵᠤ ᠰᠠᠭᠤᠳᠠᠯ ᠬᠠᠢᠷᠠᠯᠠᠨ ᠰᠠᠭᠤᠯᠭᠠᠪᠠ᠃ ᠯᠢ ᠠᠨ ᠴᠢᠤᠸᠠᠨ ᠠᠶᠤᠮᠰᠢᠭ᠋ ᠦᠭᠡᠢ ᠰᠠᠭᠤᠬᠤ ᠦᠭᠡᠢ ᠳᠠᠬᠢᠨ ᠳᠠᠪᠲᠠᠨ ᠮᠠᠷᠭᠤᠨ ᠮᠥᠷᠭᠥᠬᠦᠢ ᠳ᠋ᠦ᠍ᠷ ᠬᠠᠭᠠᠨ ᠵᠠᠷᠯᠢᠭ ᠪᠣᠯᠤᠷᠤᠨ :《ᠮᠢᠨᠦ ᠤᠭ ᠰᠠᠨᠠᠭᠠᠨ ᠨᠡᠢᠭᠡᠮ ᠲᠦᠪᠰᠢᠨ ᠪᠣᠯᠭᠠᠬᠤ ᠶ᠋ᠢ ᠡᠷᠢᠭᠰᠡᠨ ᠪᠣᠢ ‍ᠶ᠎ᠠ᠂ ᠣᠨᠴᠠ ᠤᠯᠤᠰ ᠠᠢᠮᠠᠭ ᠤ᠋ᠨ ᠡᠵᠡᠳ ᠢ᠋ ᠳᠠᠷᠤᠯᠠᠨ ᠳᠣᠷᠣᠮᠵᠢᠯᠠᠬᠤ ᠶ᠋ᠢ ᠡᠷᠢᠭᠰᠡᠨ ᠪᠤᠰᠤ᠃ ᠳᠡᠯᠡᠬᠡᠢ ᠳ᠋ᠠᠬᠢᠨ ᠬᠠᠷᠢᠯᠴᠠᠨ ᠨᠠᠢᠷᠠᠮᠳᠠᠵᠤ ᠠᠮᠤᠷ ᠪᠣᠯᠪᠠᠰᠤ ᠪᠠᠷᠠᠪᠠᠢ ᠶ᠎ᠠ᠂ ᠣᠨᠴᠠ ᠤᠯᠤᠰ ᠤ᠋ᠨ ᠡᠵᠡᠳ ᠢ᠋ ᠢᠨᠦ ᠠᠯᠠᠵᠤ ᠪᠤᠯᠠᠨ ᠭᠢᠰᠬᠢᠯᠡᠨ ᠭᠤᠲᠤᠭᠠᠭᠰᠠᠨ ᠢ᠋ᠶ᠋ᠠᠷ ᠮᠢᠨᠦ ᠲᠥᠷᠥ ᠳ᠋ᠦ᠍ᠷ ᠶᠠᠮᠪᠠᠷ ᠲᠤᠰᠠ ᠪᠣᠯᠬᠤ ᠭᠠᠵᠠᠷ ᠪᠣᠢ ! ᠴᠢ ᠡᠨᠡ ᠡᠳᠦᠷ ᠨᠠᠳᠠ ᠳ᠋ᠤᠷ ᠳᠠᠷᠤᠭᠳᠠᠭᠰᠠᠨ ᠳ᠋ᠤᠷ ᠪᠢ ᠬᠡᠲᠦᠷᠬᠡᠶ᠎ᠡ ᠣᠮᠣᠷᠬᠠᠬᠤ ᠠᠨᠤ ᠬᠠᠭᠠᠨ ᠬᠥᠮᠦᠨ ᠦ᠌ ᠶᠠᠪᠤᠳᠠᠯ ᠪᠤᠰᠤ᠂ ᠡᠷᠭᠢᠨ ᠰᠢᠶᠠ ᠤᠯᠤᠰ ᠤ᠋ᠨ ᠡᠵᠡᠨ ᠴᠢ ᠴᠦ᠍ ᠰᠡᠳᠬᠢᠯ ᠦᠨᠡᠨ ᠪᠣᠯᠪᠠᠰᠤ ᠲᠦᠮᠡᠨ ᠵᠦᠢᠯ ᠡᠴᠡ ᠳᠡᠭᠡᠷ᠎ᠡ ᠦᠭᠡᠢ ᠦᠦ ?  ᠲᠡᠢᠮᠦ ᠬᠥᠩᠭᠡᠮᠰᠦᠭ ᠮᠠᠷᠭᠤᠯ ᠢ᠋ᠶ᠋ᠠᠷ ᠶᠠᠭᠤᠨ ᠪᠣᠯᠬᠤ ? ᠴᠢ ᠮᠢᠨᠦ ᠦᠨᠡᠨ ᠥᠷᠥᠰᠢᠶᠡᠯ ᠢ᠋ ᠮᠡᠳᠡᠵᠦ ᠳᠠᠷᠤᠢ ᠰᠠᠭᠤ ! 》ᠭᠡᠮᠡᠨ ᠰᠠᠭᠤᠯᠭᠠᠭᠠᠳ ᠪᠠᠰᠠ ᠭᠤᠷᠪᠠᠳᠤᠭᠠᠷ ᠬᠥᠪᠡᠭᠦᠨ ᠲᠠᠢᠽᠢ ᠥᠭᠡᠳᠡᠢ ᠳ᠋ᠦ᠍ᠷ ᠵᠠᠷᠯᠢᠭ ᠪᠣᠯᠤᠷᠤᠨ :《ᠴᠢ ᠮᠢᠨᠦ ᠲᠥᠯᠥᠭᠡ ᠤᠰᠤᠨ ᠤ᠋ ᠤᠨᠠᠭᠤᠯᠢ ᠳ᠋ᠤᠷ ᠡᠴᠢᠵᠦ ᠬᠦᠵᠢ ᠰᠢᠲᠠᠭᠠᠨ ᠮᠢᠨᠦ ᠰᠤᠮᠤ ᠶ᠋ᠢ ᠠᠪᠴᠤ ᠲᠡᠭᠷᠢ ᠶ᠋ᠢᠨ ᠰᠠᠬᠢᠭᠤᠯᠰᠤᠨ ᠭᠠᠵᠠᠷ ᠤ᠋ᠨ ᠡᠵᠡᠳ ᠤᠰᠤᠨ ᠤ᠋ ᠯᠤᠤᠰ ᠢ᠋ ᠲᠠᠪᠢᠭ᠍ᠯᠠᠵᠤ᠂ ᠤᠰᠤ ᠶ᠋ᠢ ᠵᠠᠯᠠᠨ ᠲᠡᠭᠷᠢ ᠡᠴᠢᠭᠡ ᠶ᠋ᠢᠨ ᠬᠠᠷᠠᠭᠠᠯᠵᠠᠯ ᠢ᠋ᠶ᠋ᠠᠷ ᠰᠢᠶᠠ ᠤᠯᠤᠰ ᠬᠢᠮᠤᠷᠠᠯ ᠦᠭᠡᠢ ᠣᠷᠣᠵᠤ ᠥᠭᠪᠡ ᠭᠡᠮᠡᠨ ᠮᠡᠳᠡᠭᠦᠯ ! 》ᠬᠡᠮᠡᠭᠰᠡᠨ ᠳ᠋ᠦ᠍ᠷ ᠭᠤᠷᠪᠠᠳᠤᠭᠠᠷ ᠲᠠᠢᠽᠢ ᠦ‍ ᠴᠢᠨ ᠸᠠᠩ  ᠶᠠᠭᠠᠷᠠᠨ ᠵᠠᠷᠯᠢᠭ ᠢ᠋ ᠬᠦᠯᠢᠶᠡᠵᠦ᠂ ᠵᠢᠨᠦᠩ ᠯᠦ᠍ᠭᠡ ᠬᠠᠮᠲᠤ ᠡᠴᠢᠵᠦ ᠬᠠᠭᠠᠨ ᠤ᠋ ᠬᠠᠳᠬᠤᠭᠰᠠᠨ ᠰᠤᠮᠤ ᠶ᠋ᠢ ᠠᠪᠴᠤ ᠤᠰᠤᠨ ᠤ᠋ ᠡᠲᠡᠭᠡᠳ ᠲᠠᠬᠢᠯ ᠤ᠋ᠨ ᠰᠢᠷᠡᠭᠡ ᠪᠡᠯᠡᠳᠬᠡᠨ ᠵᠠᠷᠯᠢᠭ ᠢ᠋ ᠤᠩᠰᠢᠵᠤ ᠠᠷᠢᠬᠢ ᠰᠠᠴᠤᠮᠠᠭᠴᠠ ᠤᠨᠠᠭᠤᠯᠢ ᠲᠠᠪᠤᠨ ᠭᠠᠵᠠᠷ ᠤ᠋ᠨ ᠦᠵᠦᠭᠦᠷ ᠨᠢᠭᠡᠨ ᠡᠭᠴᠡ ᠬᠡᠷᠡᠮ ᠮᠡᠲᠦ ᠶᠡᠭᠦᠷᠡᠵᠦ ᠶᠡᠬᠡ ᠤᠰᠤ ᠪᠢᠯᠬᠠᠨ ᠤᠷᠤᠰᠴᠤ ᠦᠶᠡᠷᠯᠡᠨ ᠭᠠᠷᠪᠠ᠃ ᠰᠢᠶᠠ ᠤᠯᠤᠰ᠂ ᠰᠠᠷᠲᠠᠭᠴᠢᠨ ᠤᠯᠤᠰ ᠤ᠋ᠨ ᠵᠠᠭᠤᠨ ᠲᠦᠮᠡᠨ ᠴᠡᠷᠢᠭ ᠢᠷᠭᠡᠨ ᠶᠡᠬᠡᠯ᠎ᠡ ᠭᠠᠢᠬᠠᠯᠳᠤᠨ ᠠᠶᠤᠨ ᠪᠢᠰᠢᠷᠡᠪᠡ᠃

– – – – 
①  ᠰᠢᠶᠠ ᠤᠯᠤᠰ ᠤ᠋ᠨ ᠡᠨᠡ ᠤᠷᠲᠤ ᠬᠡᠷᠡᠮ ᠦ᠋ᠨ ᠦᠨᠳᠦᠰᠦ ᠰᠠᠭᠤᠷᠢ ᠡᠳᠦᠭᠡ ᠠᠷᠤ ᠬᠣᠷᠴᠢᠨ ᠬᠣᠰᠢᠭᠤ ᠪᠠᠷ ᠪᠠᠷᠠᠭᠤᠨᠰᠢ ᠤᠲᠠᠢ ᠬᠦᠷᠲᠡᠯ᠎ᠡ ᠪᠣᠢ᠂ ᠡᠳᠦᠭᠡ ᠪᠠᠢᠴᠠᠭᠠᠪᠠᠰᠤ ᠲᠣᠳᠣᠷᠬᠠᠢ᠃ 
  
       ᠲᠡᠳᠦᠢ ᠦ‍ ᠴᠢᠨ ᠸᠠᠩ ᠂ ᠶᠡᠬᠡ ᠶᠤᠸᠠᠨᠱᠤᠸᠠᠢ ᠡᠭᠡᠵᠦ ᠢᠷᠡᠨ ᠵᠠᠷᠯᠢᠭ ᠢ᠋ ᠡᠭᠡᠭᠦᠯᠪᠡ᠃ ᠲᠡᠳᠦᠢ ᠬᠠᠭᠠᠨ ᠤ᠋ ᠭᠡᠭᠡᠨ ᠰᠢᠶᠠ ᠤᠯᠤᠰ ᠤ᠋ᠨ ᠨᠤᠭᠤᠯᠪᠤᠷᠢ ᠶ᠋ᠢ ᠦᠵᠡᠭᠰᠡᠭᠡᠷ ᠯᠢ ᠠᠨ ᠴᠢᠤᠸᠠᠨ ᠤ᠋ ᠠᠷᠪᠠᠨ ᠨᠠᠢ᠍ᠮᠠᠨ ᠨᠠᠰᠤᠲᠤ ᠥᠬᠢᠨ ᠯᠢ ᠰᠦᠸᠧ ᠢᠩ ᠢ᠋ ᠵᠠᠭᠤᠨ ᠲᠦᠮᠡᠨ ᠦ᠌ ᠬᠦᠨᠳᠦ ᠵᠠᠰᠠᠯᠭ᠎ᠠ ᠲᠠᠢ ᠡᠷᠭᠦᠨ ᠪᠠᠷᠢᠵᠤ᠂ ᠡᠭᠦᠷᠢᠳᠡ ᠶ᠋ᠢᠨ ᠢᠲᠡᠭᠡᠯ ᠪᠣᠯᠭᠠᠭᠰᠠᠨ ᠨᠢᠭᠡᠨ ᠠᠩᠭᠢ ᠶ᠋ᠢ ᠦᠵᠡᠵᠦ᠂ ᠬᠠᠭᠠᠨ ᠤ᠋ ᠭᠡᠭᠡᠨ ᠴᠢᠷᠠᠢ ᠳ᠋ᠤᠷ ᠪᠠᠬᠠᠨ ᠬᠢᠯᠢᠩ ᠦ᠋ᠨ ᠪᠠᠢᠳᠠᠯ ᠢᠯᠡᠷᠡᠨ᠂ ᠥᠴᠦᠬᠡᠨ ᠮᠦᠰᠢᠶᠡᠵᠦ ᠯᠢ ᠠᠨ ᠴᠢᠤᠸᠠᠨ ᠠ᠋ᠴᠠ ᠠᠰᠠᠭᠤᠷᠤᠨ :《ᠡᠷᠭᠢᠨ ᠬᠠᠭᠠᠨ ᠴᠢ ᠮᠢᠨᠦ ᠤᠯᠤᠰ ᠲᠤᠷ ᠬᠠᠢᠷᠠᠲᠤ ᠶᠠᠭᠤᠮ᠎ᠠ ᠪᠠᠷ ᠠᠯᠪᠠ ᠪᠠᠷᠢᠬᠤ ᠴᠢᠨᠦ ᠮᠠᠰᠢ ᠮᠥᠨ᠂ ᠭᠠᠭᠴᠠ ᠴᠢᠨᠦ ᠪᠢᠴᠢᠬᠠᠨ ᠥᠬᠢᠨ ᠢ᠋ᠶ᠋ᠡᠨ ᠲᠡᠷᠢᠭᠦᠯᠡᠨ ᠡᠳᠡᠭᠡᠷ ᠬᠥᠭᠵᠢᠮ ᠦ᠋ᠨ ᠥᠬᠢᠳ ᠬᠡᠦᠬᠡᠳ ᠪᠠ ᠦᠵᠡᠮᠵᠢ ᠵᠡᠷᠭᠡᠴᠡᠯ ᠦ᠋ᠨ ᠥᠩᠭᠡᠲᠦ ᠭᠡᠷ ᠪᠠᠷᠠᠭ᠎ᠠ ᠰᠠᠪᠠ ᠵᠡᠪᠰᠡᠭ ᠡᠷᠭᠦᠬᠦ ᠠᠨᠤ ᠶᠠᠮᠪᠠᠷ ᠰᠠᠨᠠᠭ᠎ᠠ? ᠦᠨᠡᠬᠡᠷ ᠬᠣᠢᠲᠤ ᠭᠠᠵᠠᠷ ᠤ᠋ᠨ ᠨᠠᠮᠠᠢ ᠥᠩᠭᠡ ᠭᠡᠷᠡᠯ ᠦ᠋ᠨ ᠪᠠᠢᠳᠠᠯ ᠲᠥᠯᠥᠪ ᠪᠠ ᠬᠥᠭ ᠳᠠᠭᠤᠨ ᠤ᠋ ᠤᠵᠢᠳ ᠵᠢᠷᠭᠠᠯ ᠢ᠋ ᠦᠵᠡᠭᠡᠳᠦᠢ ᠲᠤᠯᠠ ᠨᠠᠮᠠᠢ ᠰᠣᠴᠢᠭᠠᠨ ᠪᠠᠶᠠᠰᠬᠠᠵᠤ ᠡᠳᠡᠭᠡᠷ ᠦ᠋ᠨ ᠳᠣᠲᠣᠷ᠎ᠠ ᠬᠡᠯᠪᠡᠷᠢᠨ ᠰᠢᠨᠤᠵᠤ ᠤᠨᠠᠲᠤᠭᠠᠢ ᠬᠡᠮᠡᠭᠰᠡᠨ ᠰᠠᠨᠠᠭᠠᠨ ᠤᠤ ?  ᠮᠡᠬᠦᠰ ᠬᠥᠮᠦᠨ ᠪᠢ ᠬᠡᠷᠪᠡ ᠲᠠᠨ ᠤ᠋ ᠡᠮᠦᠨ᠎ᠡ ᠭᠠᠵᠠᠷ ᠤ᠋ᠨ ᠬᠠᠳ ᠤ᠋ᠨ ᠮᠡᠲᠦ ᠥᠩᠭᠡ ᠶ᠋ᠢ ᠦᠵᠡᠪᠡᠰᠦ ᠦᠬᠦᠬᠦ ᠪᠡᠨ ᠤᠮᠠᠷᠲᠠᠭᠠᠳ ᠵᠢᠷᠭᠠᠯ ᠳ᠋ᠤᠷ ᠣᠷᠣᠪᠠᠰᠤ ᠵᠠᠶᠠᠭ᠎ᠠ ᠪᠠᠨ ᠪᠠᠷᠠᠭᠳᠠᠭᠤᠯᠬᠤ ᠮᠡᠲᠦ ᠪᠣᠯᠪᠠᠰᠤ᠂ ᠡᠩ ᠦ᠋ᠨ ᠬᠥᠮᠦᠨ ᠡᠴᠡ ᠶᠠᠭᠠᠬᠢᠨ ᠡᠨᠡ ᠬᠢᠷᠢ ᠳ᠋ᠦ᠍ᠷ ᠬᠦᠷᠴᠦ ᠴᠢᠳᠠᠬᠤ ᠪᠣᠢ ! ᠲᠠᠨ ᠤ᠋ ᠡᠮᠦᠨ᠎ᠡ ᠭᠠᠵᠠᠷ ᠤ᠋ᠨ ᠬᠥᠮᠦᠨ ᠬᠢᠲᠠᠳ ᠪᠢᠴᠢᠭ ᠲᠠᠩᠭᠤᠳ ᠦᠰᠦᠭ ᠲᠦ᠍ᠷ ᠰᠠᠢᠨ᠂ ᠡᠷᠲᠡ ᠡᠳᠦᠭᠡᠬᠢ ᠪᠣᠭᠳᠠ ᠬᠠᠳ ᠪᠠ ᠥᠴᠦᠬᠡᠨ ᠬᠥᠮᠦᠨ ᠨᠠᠷ ᠤ᠋ᠨ ᠢᠯᠭᠠᠯ ᠢ᠋ ᠴᠥᠮ ᠮᠡᠳᠡᠬᠦ ᠪᠥᠭᠡᠲᠡᠯ᠎ᠡ ᠶᠠᠭᠤᠨ ᠳ᠋ᠤᠷ ᠮᠥᠨ ᠴᠢᠨᠠᠷ ᠠᠨᠤ ᠪᠠᠬᠠᠨ ᠴᠤ᠌ ᠲᠥᠪ ᠦᠭᠡᠢ ᠪᠥᠭᠡᠳ ᠬᠥᠮᠦᠨ ᠢ᠋ ᠮᠥᠨ ᠴᠦ᠍ ᠳᠠᠭᠠᠵᠤ ᠲᠥᠪ ᠮᠠᠲᠠᠯ ᠦᠭᠡᠢ ᠪᠡᠷ ᠦᠵᠡᠮᠦᠢ ?  ᠮᠢᠨᠦ ᠶᠠᠪᠤᠳᠠᠯ ᠢ᠋ ᠦᠵᠡᠪᠡᠰᠦ ᠮᠢᠨᠦ ᠴᠢᠨᠠᠷ ᠢ᠋ ᠤᠬᠠᠪᠠᠰᠤ ᠪᠣᠯᠬᠤ ᠦᠭᠡᠢ ᠦᠦ ? 》ᠬᠡᠮᠡᠭᠰᠡᠨ ᠳ᠋ᠦ᠍ᠷ ᠯᠢ ᠠᠨ ᠴᠢᠤᠸᠠᠨ ᠶᠡᠬᠡᠯ᠎ᠡ ᠠᠶᠤᠵᠤ ᠶᠠᠭᠠᠷᠠᠨ ᠭᠦᠶᠦᠨ ᠪᠣᠰᠴᠤ ᠬᠦᠰᠡᠷ᠎ᠡ ᠰᠥᠭᠥᠳᠴᠦ ᠮᠠᠯᠠᠭ᠎ᠠ ᠪᠠᠨ ᠠᠪᠴᠤ ᠮᠥᠷᠭᠥᠯᠬᠢᠯᠡᠨ ᠠᠢᠯᠠᠳᠬᠠᠷᠤᠨ :《ᠰᠠᠢᠳ ᠪᠢ᠂ ᠡᠵᠡᠨ ᠢ᠋ ᠥᠩᠭᠡ ᠳᠠᠷᠠᠰᠤ ᠪᠠᠷ ᠮᠡᠬᠡᠯᠡᠰᠦᠭᠡᠢ ᠬᠡᠮᠡᠭᠰᠡᠨ ᠪᠤᠰᠤ᠂ ᠦᠨᠡᠨ ᠳ᠋ᠦ᠍ᠷ ᠰᠠᠢᠳ ᠮᠢᠨᠦ ᠨᠢᠭᠡᠨ ᠥᠴᠦᠬᠡᠨ ᠤᠯᠤᠰ ᠢ᠋ ᠬᠠᠭᠠᠨ ᠤ᠋ ᠠᠯᠠᠵᠤ ᠠᠷᠢᠯᠭᠠᠨ ᠲᠦᠪᠳᠡᠬᠦ ᠦᠭᠡᠢ ᠶᠡᠬᠡ ᠬᠡᠰᠢᠭ ᠲᠣᠷ ᠰᠠᠢᠳ ᠪᠢ ᠮᠥᠨ ᠬᠠᠭᠠᠨ ᠢ᠋ ᠳᠠᠭᠠᠵᠤ ᠣᠯᠠᠨ ᠢ᠋ ᠠᠮᠤᠷ ᠪᠣᠯᠭᠠᠰᠤᠭᠠᠢ ᠬᠡᠮᠡᠬᠦᠢ ᠳ᠋ᠦ᠍ᠷ ᠬᠠᠭᠠᠨ ᠡᠵᠡᠨ ᠳ᠋ᠦ᠍ᠷ ᠢᠲᠡᠭᠡᠮᠵᠢ ᠪᠣᠯᠬᠤ ᠭᠠᠵᠠᠷ ᠢ᠋ ᠪᠣᠳᠣᠪᠠᠰᠤ ᠰᠠᠢᠳ ᠨᠠᠳᠠ ᠳ᠋ᠤᠷ ᠬᠥᠪᠡᠭᠦᠨ ᠦᠭᠡᠢ᠂ ᠦᠷᠡᠴᠢᠯᠡᠭᠰᠡᠨ ᠡᠨᠡ ᠽᠦᠨ ᠰᠢᠦᠢ ᠶ᠋ᠢ ᠳᠡᠨᠵᠢ ᠪᠣᠯᠭᠠᠨ ᠬᠠᠭᠠᠨ ᠤ᠋ ᠢᠲᠡᠭᠡᠮᠵᠢ ᠶ᠋ᠢ ᠣᠯᠰᠤᠭᠠᠢ ᠬᠡᠮᠡᠬᠦᠯ᠎ᠡ ᠡᠭᠡᠨᠡᠭᠲᠡ ᠪᠤᠰᠤᠳ ᠤ᠋ᠨ ᠪᠡᠶ᠎ᠡ ᠡᠴᠡ ᠰᠢᠮᠡᠳᠦᠭᠰᠡᠨ ᠲᠤᠯᠠ ᠬᠠᠭᠠᠨ ᠡᠵᠡᠨ ᠳ᠋ᠦ᠍ᠷ ᠴᠦ᠍ ᠢᠲᠡᠭᠡᠮᠵᠢ ᠦᠭᠡᠢ᠂ ᠥᠪᠡᠷ ᠦ᠋ᠨ ᠲᠥᠷᠥᠯ ᠲᠥᠷᠥᠭᠰᠡᠨ ᠳ᠋ᠦ᠍ᠷ ᠴᠦ᠍ ᠪᠢᠰᠢᠷᠡᠯ ᠦᠭᠡᠢ ᠲᠤᠯᠠ ᠠᠷᠭ᠎ᠠ ᠦᠭᠡᠢ ᠪᠡᠶ᠎ᠡ ᠡᠴᠡ ᠪᠡᠨ ᠰᠢᠮᠡᠳᠦᠭᠰᠡᠨ ᠭᠠᠭᠴᠠ ᠦᠷ᠎ᠡ ᠪᠡᠨ ᠪᠣᠭᠳᠠ ᠡᠵᠡᠨ ᠳ᠋ᠦ᠍ᠷ ᠪᠠᠷᠢᠪᠠᠰᠤ᠂ ᠳᠡᠭᠡᠭᠰᠢᠳᠡ ᠪᠣᠭᠳᠠ ᠡᠵᠡᠨ ᠳ᠋ᠦ᠍ᠷ ᠢᠲᠡᠭᠡᠮᠵᠢ ᠪᠣᠯᠤᠭᠠᠳ ᠳᠣᠷᠣᠭᠰᠢᠳᠠ ᠣᠯᠠᠨ ᠢᠷᠭᠡᠨ ᠳ᠋ᠦ᠍ᠷ ᠮᠥᠨ ᠪᠢᠰᠢᠷᠡᠯᠲᠡᠢ ᠪᠣᠯᠤᠮᠤᠢ᠃ ᠡᠢᠨ ᠪᠣᠯᠪᠠᠰᠤ ᠪᠣᠭᠳᠠ ᠡᠵᠡᠨ ᠦ᠌ ᠤᠯᠠᠭᠠᠨ ᠪᠤᠶᠠᠨ ᠳ᠋ᠤᠷ ᠰᠢᠲᠦᠵᠦ ᠣᠳᠣ ᠪᠠᠰᠠ ᠬᠡᠳᠦᠨ ᠦᠶ᠎ᠡ ᠠᠮᠤᠷ ᠡᠩᠬᠡ ᠪᠡᠷ ᠥᠴᠦᠬᠡᠨ ᠤᠯᠤᠰ ᠲᠤᠷ ᠢ᠋ᠶ᠋ᠠᠨ ᠡᠷᠬᠢᠮ ᠢ᠋ᠶ᠋ᠡᠷ ᠶᠠᠪᠤᠵᠤ ᠠᠮᠢᠳᠤᠷᠠᠨ ᠪᠣᠯᠬᠤ ᠪᠣᠯᠪᠠᠤ ᠬᠡᠮᠡᠭᠰᠡᠨ ᠲᠤᠢᠯ ᠤ᠋ᠨ ᠦᠨᠡᠨᠴᠢ ᠰᠠᠨᠠᠭᠠᠨ᠂ ᠦᠨᠡᠨ ᠳ᠋ᠦ᠍ᠷ ᠡᠵᠡᠨ ᠦ᠌ ᠭᠡᠭᠡᠨ ᠢ᠋ ᠪᠠᠯᠠᠷᠠᠭᠤᠯᠤᠨ ᠨᠡᠷ᠎ᠡ ᠠᠯᠳᠠᠷ ᠲᠤᠷ ᠬᠣᠣᠷ ᠪᠣᠯᠭᠠᠰᠤᠭᠠᠢ ᠬᠡᠮᠡᠭᠰᠡᠨ ᠰᠠᠨᠠᠭᠠᠨ ᠪᠤᠰᠤ᠂ ᠡᠵᠡᠨ ᠮᠢᠨᠦ ᠭᠡᠭᠡᠨ ᠳ᠋ᠡᠭᠡᠨ ᠠᠢᠯᠠᠳᠤᠨ ᠲᠣᠯᠢᠳᠠᠮᠤ ! 》ᠭᠡᠮᠡᠨ ᠮᠥᠷᠭᠥᠬᠦᠢ ᠳ᠋ᠦ᠍ᠷ ᠭᠠᠳᠠᠨ᠎ᠠ ᠰᠢᠶᠠ ᠤᠯᠤᠰ ᠤ᠋ᠨ ᠣᠯᠠᠨ ᠰᠠᠢᠳ ᠬᠠᠭᠠᠨ ᠤ᠋ ᠭᠡᠭᠡᠨ ᠡᠬᠡᠨᠡᠷ ᠬᠦᠷᠭᠡᠭᠰᠡᠨ ᠬᠡᠷᠡᠭ ᠲᠦ᠍ᠷ ᠤᠨᠲᠤᠭᠤᠨ ᠬᠥᠳᠡᠯᠪᠡ ᠭᠡᠮᠡᠨ ᠰᠣᠨᠣᠰᠴᠤ ᠪᠦᠭᠦᠳᠡᠭᠡᠷ ᠦ᠋ᠨ ᠴᠢᠷᠠᠢ ᠰᠢᠷᠣᠢ ᠮᠡᠲᠦ ᠪᠣᠯᠵᠤ ᠠᠶᠤᠯᠳᠤᠨ ᠪᠤᠷᠬᠢᠷᠠᠯᠳᠤᠬᠤᠢ ᠳ᠋ᠤᠷ ᠲᠠᠢᠰᠢ᠂ ᠲᠠᠢᠪᠤᠤ ᠨᠠᠷ ᠰᠣᠨᠣᠰᠴᠤ ᠣᠯᠠᠨ ᠲᠦᠰᠢᠮᠡᠳ ᠶᠠᠭᠠᠷᠠᠨ ᠬᠠᠭᠠᠨ ᠤ᠋ ᠳᠡᠷᠭᠡᠳᠡ ᠣᠷᠣᠵᠤ ᠰᠥᠭᠥᠳᠦᠯᠴᠡᠵᠦ  ᠪᠤᠭᠤᠷᠵᠢ ᠠᠢᠯᠠᠳᠬᠠᠷᠤᠨ :《ᠬᠠᠭᠠᠨ ᠡᠵᠡᠨ ᠶᠡᠬᠡ ᠠᠭᠤᠳᠠᠮ ᠥᠷᠥᠰᠢᠶᠡᠯ ᠢ᠋ ᠨᠡᠭᠡᠭᠡᠵᠦ᠂ ᠰᠢᠶᠠ ᠤᠯᠤᠰ ᠤ᠋ᠨ ᠦᠨᠡᠨ ᠰᠦᠰᠦᠭ ᠪᠢᠰᠢᠷᠡᠯ ᠢ᠋ ᠬᠦᠯᠢᠶᠡᠨ ᠠᠪᠴᠤ ᠶᠠᠪᠤᠭᠤᠯᠬᠤ ᠠᠨᠤ ᠳᠡᠯᠡᠬᠡᠢ ᠶ᠋ᠢ ᠬᠤᠷᠢᠶᠠᠬᠤ ᠴᠣᠬᠣᠮ ᠬᠦᠨᠳᠦ ᠬᠡᠷᠡᠭ᠂ ᠲᠦᠮᠡᠨ ᠠᠭᠲᠠ ᠲᠡᠵᠢᠭᠡᠭᠴᠢᠳ ᠬᠣᠨᠢ ᠢᠮᠠᠭ᠎ᠠ ᠶ᠋ᠢ ᠬᠢᠴᠢᠶᠡᠬᠦ ᠦᠭᠡᠢ᠂ ᠳᠡᠯᠡᠬᠡᠢ ᠳ᠋ᠠᠬᠢᠨ ᠢ᠋ ᠬᠢᠴᠢᠶᠡᠭᠴᠢᠳ ᠥᠴᠦᠬᠡᠨ ᠶᠠᠪᠤᠳᠠᠯ ᠢ᠋ ᠬᠠᠮᠢᠶᠠᠷᠬᠤ ᠦᠭᠡᠢ᠂ ᠪᠣᠭᠳᠠ ᠡᠵᠡᠨ ᠦ᠌ ᠦᠢᠯᠡ ᠶᠠᠪᠤᠳᠠᠯ ᠨᠢᠭᠡᠨᠲᠡ ᠨᠠᠷᠠᠨ ᠰᠠᠷᠠᠨ ᠮᠡᠲᠦ ᠪᠣᠯᠤᠭᠰᠠᠨ ᠢ᠋ ᠨᠢᠭᠡᠨ ᠣᠳᠣᠨ ᠵᠤᠯᠠ ᠶ᠋ᠢᠨ ᠥᠴᠦᠬᠡᠨ ᠭᠡᠷᠡᠯ ᠢ᠋ᠶ᠋ᠡᠷ ᠬᠡᠷᠬᠢᠨ ᠳᠠᠷᠤᠵᠤ ᠬᠣᠷᠣᠮᠵᠢ ᠪᠣᠯᠭᠠᠨ ᠴᠢᠳᠠᠬᠤ ? ᠡᠵᠡᠨ ᠮᠢᠨᠦ ᠬᠣᠯᠠ ᠠ᠋ᠴᠠ ᠢᠷᠡᠭᠰᠡᠨ ᠪᠢᠰᠢᠷᠡᠯ ᠢ᠋ ᠬᠥᠬᠢᠭᠦᠯᠬᠦ ᠶᠡᠬᠡ ᠥᠷᠥᠰᠢᠶᠡᠯ ᠢ᠋ᠶ᠋ᠡᠷ ᠠᠪᠠᠴᠢᠬᠤ ᠪᠣᠯᠪᠠ ᠤᠤ 》 ᠬᠡᠮᠡᠭᠰᠡᠨ ᠳ᠋ᠦ᠍ᠷ ᠬᠠᠭᠠᠨ ᠤ᠋ ᠭᠡᠭᠡᠨ ᠬᠠᠷᠢᠭᠤ ᠵᠠᠷᠯᠢᠭ ᠪᠣᠯᠤᠷᠤᠨ : 《ᠡᠷᠲᠡᠨ ᠦ᠌ ᠦᠭᠡᠨ ᠳ᠋ᠦ᠍ᠷ < ᠲᠤᠰᠠᠲᠤ ᠶᠠᠪᠤᠳᠠᠯ ᠢ᠋ ᠣᠯᠠᠨ ᠭᠡᠮᠡᠨ ᠪᠢᠲᠡᠭᠡᠢ ᠰᠢᠨᠲᠠᠷᠠ!  ᠬᠣᠣᠷᠲᠤ ᠦᠢᠯᠡᠰ ᠢ᠋ ᠥᠴᠦᠬᠡᠨ ᠭᠡᠮᠡᠨ ᠪᠦᠦ ᠦᠢᠯᠡᠳ᠂ ᠰᠠᠢᠨ ᠮᠠᠭᠤ ᠴᠥᠮ ᠥᠴᠦᠬᠡᠨ ᠡᠴᠡ ᠥᠰᠴᠦ ᠰᠠᠶᠢ ᠶᠡᠬᠡ ᠪᠣᠯᠬᠤ᠂ ᠦᠢᠯᠡ ᠶᠠᠪᠤᠳᠠᠯ ᠪᠢᠴᠢᠬᠠᠨ ᠠ᠋ᠴᠠ ᠡᠳᠦᠵᠦ ᠰᠠᠶᠢ ᠰᠤᠷᠲᠠᠯ ᠪᠣᠯᠤᠮᠤᠢ > ᠭᠡᠮᠡᠨ ᠰᠡᠳᠬᠢᠭᠰᠡᠨ ᠪᠥᠯᠥᠭᠡ᠂ ᠡᠳᠦᠭᠡ ᠵᠠᠭᠤᠨ ᠲᠦᠰᠢᠮᠡᠳ ᠲᠠᠨ ᠤ᠋ ᠳᠡᠯᠡᠬᠡᠢ ᠳ᠋ᠠᠬᠢᠨ ᠤ᠋ ᠶᠡᠬᠡ ᠦᠢᠯᠡ ᠪᠡᠷ ᠦᠯᠢᠳᠬᠡᠨ ᠬᠡᠯᠡᠯᠴᠡᠵᠦ᠂ ᠰᠢᠶᠠ ᠤᠯᠤᠰ ᠤ᠋ᠨ ᠡᠵᠡᠨ ᠦ᠌ ᠡᠭᠦᠷᠢᠳᠡ ᠪᠠᠲᠤ ᠰᠠᠨᠠᠬᠤ ᠰᠡᠳᠬᠢᠯ ᠦ᠋ᠨ ᠶᠣᠰᠣᠭᠠᠷ ᠠᠪᠤᠪᠠᠰᠤ ᠵᠣᠬᠢᠮᠤᠢ ᠬᠡᠮᠡᠬᠦᠢ ᠲᠤᠯᠠ ᠳᠠᠷᠤᠢ ᠠᠢᠯᠠᠳᠬᠠᠭᠰᠠᠨ ᠶᠣᠰᠣ ᠪᠠᠷ ᠪᠣᠯᠭ᠎ᠠ᠂ ᠲᠡᠢᠨ ᠪᠣᠯᠪᠠᠴᠤ ᠬᠡᠷᠡᠭ ᠢ᠋ ᠡᠷᠬᠡᠪᠰᠢ ᠲᠥᠪ ᠭᠡᠭᠡᠬᠡᠨ ᠪᠣᠯᠭᠠᠪᠠᠰᠤ ᠵᠣᠬᠢᠮᠤᠢ᠃ ᠡᠨᠡ ᠬᠦᠷᠭᠡᠵᠦ ᠢᠷᠡᠭᠰᠡᠨ ᠥᠬᠢᠨ ᠢ᠋ ᠵᠠᠭᠤᠨ ᠲᠤᠰᠢᠮᠡᠳ ᠦ᠋ᠨ ᠡᠮᠦᠨ᠎ᠡ ᠣᠷᠣᠵᠤ ᠨᠠᠳᠠ ᠳ᠋ᠤᠷ ᠵᠣᠯᠭᠠᠭᠤᠯ᠂ ᠪᠢ ᠪᠠᠢᠳᠠᠯ ᠢ᠋ ᠦᠵᠡᠵᠡᠦ ᠲᠣᠭᠲᠠᠭᠠᠰᠤᠭᠠᠢ ! 》ᠬᠡᠮᠡᠬᠦᠢ ᠳ᠋ᠦ᠍ᠷ ᠵᠠᠭᠤᠨ ᠲᠦᠰᠢᠮᠡᠳ ᠪᠠᠶᠠᠷᠯᠠᠨ ᠮᠥᠷᠭᠥᠵᠦ ᠪᠣᠰᠤᠭᠠᠳ ᠰᠢᠶᠠ ᠤᠯᠤᠰ ᠤ᠋ᠨ ᠭᠦᠩᠵᠦ ᠶ᠋ᠢ ᠤᠳᠤᠷᠢᠳᠤᠨ ᠣᠷᠣᠭᠤᠯᠵᠤ᠂ ᠬᠠᠭᠠᠨ ᠤ᠋ ᠡᠮᠦᠨ᠎ᠡ ᠰᠥᠭᠥᠳᠬᠡᠭᠰᠡᠨ ᠳ᠋ᠦ᠍ᠷ ᠬᠠᠭᠠᠨ ᠤ᠋ ᠭᠡᠭᠡᠨ ᠬᠤᠪᠢᠯᠭᠠᠨ ᠨᠢᠳᠦ ᠪᠡᠷ ᠦᠵᠡᠪᠡᠰᠦ᠂ ᠡᠨᠡ ᠥᠬᠢᠨ ᠦ᠌ ᠲᠥᠷᠥᠭᠰᠡᠨ ᠢᠨᠦ ᠴᠠᠰᠤ ᠮᠡᠲᠦ ᠠᠷᠢᠭᠤᠨ ᠴᠠᠭᠠᠨ᠂ ᠬᠠᠰ ᠮᠡᠲᠦ ᠬᠦᠨᠳᠦ᠂ ᠪᠣᠯᠣᠷ ᠠᠳᠠᠯᠢ ᠲᠤᠩᠭᠠᠯᠠᠭ ᠲᠤᠷ ᠪᠡᠶᠡᠰᠴᠦ ᠥᠭᠦᠯᠡᠷᠦᠨ :《ᠡᠨᠡ ᠬᠡᠦᠬᠡᠨ ᠦ᠌ ᠪᠠᠢᠳᠠᠯ ᠳᠦᠷᠢᠮ ᠦᠵᠡᠰᠬᠦᠯᠡᠩ ᠦ᠋ᠨ ᠳᠣᠲᠣᠷ᠎ᠠ ᠦᠯᠡᠭᠦᠦ ᠪᠤᠶᠠᠨ ᠨᠢᠭᠤᠭᠳᠠᠵᠤ ᠪᠣᠢ᠂ ᠮᠢᠨᠦ ᠬᠣᠶᠠᠳᠤᠭᠠᠷ ᠲᠠᠢᠽᠢ ᠴᠠᠭᠠᠲᠠᠢ ᠶ᠋ᠢᠨ ᠪᠡᠷᠢ ᠪᠡᠶ᠎ᠡ ᠎ ᠥᠨᠭᠭᠡᠷᠡᠭᠰᠡᠨ ᠲᠤᠯᠠ ᠡᠨᠡ ᠬᠡᠦᠬᠡᠨ ᠢ᠋ ᠲᠠᠢᠽᠢ ᠴᠠᠭᠠᠲᠠᠢ ᠳ᠋ᠤᠷ ᠬᠠᠲᠤᠨ ᠡᠷᠭᠦᠮᠵᠢᠯᠡ ! 》 ᠭᠡᠮᠡᠨ ᠳᠠᠷᠤᠢ ᠴᠠᠭᠠᠲᠠᠢ ᠶ᠋ᠢ ᠳᠠᠭᠤᠳᠠᠨ ᠰᠢᠶᠠ ᠤᠯᠤᠰ ᠤ᠋ᠨ ᠬᠠᠭᠠᠨ ᠯᠢ ᠠᠨ ᠴᠢᠤᠸᠠᠨ ᠳ᠋ᠤᠷ ᠬᠠᠳᠠᠮ ᠤ᠋ᠨ ᠶᠣᠰᠣᠭᠠᠷ ᠶᠣᠰᠣᠯᠠᠭᠤᠯᠬᠤᠢ ᠳ᠋ᠤᠷ  ᠯᠢ ᠠᠨ ᠴᠢᠤᠸᠠᠨ ᠰᠠᠨᠠᠭᠰᠠᠨ ᠠ᠋ᠴᠠ ᠭᠠᠳᠠᠭᠤᠷ ᠪᠠᠶᠠᠷᠯᠠᠵᠤ᠂ ᠨᠡᠩᠳᠡ ᠲᠡᠷᠡ ᠴᠠᠭᠠᠲᠠᠢ ᠲᠠᠢᠽᠢ ᠶ᠋ᠢᠨ ᠲᠥᠷᠥᠭᠰᠡᠨ ᠠᠨᠤ ᠦᠨᠡᠬᠡᠷ ᠴᠠᠭᠠᠨ ᠬᠠᠰ ᠮᠡᠲᠦ ᠠᠷᠢᠭᠤᠨ ᠭᠡᠭᠡᠬᠡᠨ ᠲᠤᠯᠠ ᠶᠠᠭᠠᠷᠠᠨ ᠬᠠᠷᠢᠭᠤ ᠶᠣᠰᠣᠯᠠᠵᠤ᠂ ᠰᠡᠳᠬᠢᠯ ᠢᠭᠲᠦᠯᠦᠨ ᠨᠢᠳᠦᠨ ᠡᠴᠡ ᠪᠡᠨ ᠨᠢᠯᠪᠤᠰᠤ ᠴᠤᠪᠤᠷᠢᠭᠤᠯᠵᠤ᠂ ᠬᠠᠭᠠᠨ ᠤ᠋ ᠭᠡᠭᠡᠨ ᠳ᠋ᠦ᠍ᠷ ᠮᠥᠷᠭᠥᠵᠦ ᠠᠢᠯᠠᠳᠬᠠᠷᠤᠨ :《ᠦᠨᠡᠬᠡᠷ ᠶᠢᠰᠦᠨ ᠳᠠᠪᠬᠤᠷ ᠤ᠋ᠨ ᠲᠡᠭᠷᠢ ᠶ᠋ᠢᠨ ᠣᠷᠳᠣᠨ ᠠ᠋ᠴᠠ ᠪᠣᠳᠠᠲᠠᠶ᠎ᠠ ᠪᠠᠭᠤᠵᠤ ᠲᠥᠷᠥᠭᠰᠡᠨ ᠪᠣᠭᠳᠠ ᠬᠠᠭᠠᠨ ᠮᠥᠨ ! 》 ᠬᠡᠮᠡᠬᠦᠢ ᠳ᠋ᠦ᠍ᠷ ᠬᠠᠭᠠᠨ ᠶᠠᠭᠠᠷᠠᠨ  ᠲᠠᠢᠽᠢ ᠴᠠᠭᠠᠲᠠᠢ ᠪᠠᠷ ᠲᠦᠰᠢᠭᠦᠯᠦᠨ ᠪᠤᠰᠬᠠᠯᠭᠠᠵᠤ᠂ ᠪᠡᠷᠢ ᠶ᠋ᠢ ᠳᠣᠲᠣᠭᠠᠳᠤ ᠬᠦᠷᠢᠶ᠎ᠡ ᠡᠴᠡ ᠰᠡᠦᠬᠡ ᠳ᠋ᠦ᠍ᠷ ᠰᠠᠭᠤᠯᠭᠠᠨ ᠵᠠᠭᠤᠨ ᠲᠦᠰᠢᠮᠡᠳ ᠪᠦᠭᠦᠳᠡᠭᠡᠷ ᠬᠣᠲᠠᠨ ᠳ᠋ᠤᠷ ᠭᠡᠳᠡᠷᠭᠦ ᠬᠦᠷᠭᠡᠵᠦ ᠠᠭᠲᠠ ᠠ᠋ᠴᠠ ᠶᠢᠰᠦ ᠶᠢᠰᠦᠨ ᠦ᠌ ᠪᠡᠯᠡᠭ ᠬᠦᠷᠭᠡᠯᠭᠡᠨ᠂ ᠰᠠᠢᠨ ᠡᠳᠦᠷ ᠢ᠋ ᠰᠣᠩᠭᠣᠨ ᠴᠠᠭᠠᠲᠠᠢ ᠲᠠᠢᠽᠢ ᠳ᠋ᠤᠷ ᠪᠠᠭᠤᠯᠭᠠᠨ ᠠᠪᠴᠤ ᠶᠡᠬᠡ ᠶᠣᠰᠣ ᠪᠠᠷ ᠬᠠᠭᠠᠨ ᠳ᠋ᠤᠷ ᠮᠥᠷᠭᠥᠭᠰᠡᠨ᠎ᠡ ᠰᠢᠶᠠ ᠤᠯᠤᠰ ᠤ᠋ᠨ ᠡᠵᠡᠨ ᠯᠢ ᠴᠢᠯᠢ ᠬᠣᠷᠣᠭ᠎ᠠ᠂ ᠯᠦᠸᠧ ᠽᠢ ᠴᠧᠩ ᠬᠣᠲᠠ᠂ ᠣᠯᠣᠭᠠᠢ ᠬᠣᠲᠠ ᠡᠨᠡ ᠭᠤᠷᠪᠠᠨ ᠭᠠᠵᠠᠷ ᠢ᠋ ᠮᠣᠩᠭᠣᠯ ᠳ᠋ᠤᠷ ᠡᠷᠭᠦᠵᠦ᠂ ᠵᠢᠯ ᠪᠦᠷᠢ ᠶ᠋ᠢᠨ ᠪᠠᠷᠢᠬᠤ ᠠᠯᠪᠠ ᠮᠢᠩᠭᠠᠨ ᠲᠡᠷᠭᠡ ᠪᠤᠳᠠᠭ᠎ᠠ᠂ ᠲᠦᠮᠡᠨ ᠬᠡᠰᠡᠭ ᠪᠥᠰ᠂ ᠮᠢᠩᠭᠠᠨ ᠪᠠᠭᠴᠠ ᠲᠣᠷᠭ᠎ᠠ᠂ ᠲᠦᠮᠡᠨ ᠯᠠᠩ ᠮᠥᠩᠭᠥ᠂ ᠲᠠᠪᠤᠨ ᠮᠢᠩᠭᠠᠨ ᠠᠭᠲᠠ ᠶ᠋ᠢᠨ ᠠᠯᠪᠠ ᠶ᠋ᠢ ᠲᠣᠭᠲᠠᠭᠠᠵᠤ ᠶᠡᠬᠡ ᠬᠤᠷᠢᠮ ᠬᠤᠷᠢᠮᠯᠠᠨ᠂ ᠬᠠᠭᠠᠨ ᠤ᠋ ᠭᠡᠭᠡᠨ ᠰᠢᠶᠠ ᠤᠯᠤᠰ ᠤ᠋ᠨ ᠡᠵᠡᠨ ᠦ᠌ ᠬᠠᠭᠠᠨ ᠴᠣᠯᠠ ᠶ᠋ᠢ ᠠᠬᠤᠭᠤᠯᠵᠤ᠂ ᠭᠤᠷᠪᠠᠨ ᠵᠢᠯ ᠳ᠋ᠦ᠍ᠷ ᠨᠢᠭᠡ ᠤᠳᠠᠭ᠎ᠠ ᠠᠯᠪᠠ ᠪᠠᠷᠢᠬᠤ ᠪᠠ ᠵᠢᠴᠢ ᠠᠯᠲᠠᠨ ᠤᠯᠤᠰ ᠤ᠋ᠨ ᠵᠠᠬ᠎ᠠ ᠨᠡᠢᠯᠡᠬᠦ ᠭᠠᠵᠠᠷ ᠢ᠋ ᠪᠠᠲᠤᠯᠠᠬᠤ ᠶ᠋ᠢ ᠴᠢᠩᠳᠡᠨ ᠲᠣᠭᠲᠠᠭᠠᠭᠠᠳ ᠭᠤᠷᠪᠠᠨ ᠲᠦᠰᠢᠮᠡᠯ ᠢ᠋ ᠬᠦᠷᠭᠡᠵᠦ ᠥᠭᠭᠦᠭᠦᠯᠪᠡ᠃ ᠭᠣᠣ ᠯᠢᠩ ᠬᠦᠩ ᠂ ᠸᠧᠢ ᠮᠢᠩ ᠯᠢᠩ ᠬᠦᠩ ᠂ ᠱ᠌ᠢᠪᠢᠱ᠌ᠢ ᠭᠤᠷᠪᠠᠭᠤᠯᠠ ᠬᠡᠰᠢᠭ ᠲᠣᠷ ᠮᠥᠷᠭᠥᠵᠦ ᠤᠯᠤᠰ ᠲᠠᠭᠠᠨ ᠡᠭᠡᠵᠦ ᠬᠠᠭᠠᠨ ᠳ᠋ᠤᠷ ᠢ᠋ᠶ᠋ᠠᠨ ᠮᠥᠷᠭᠥᠭᠰᠡᠨ ᠬᠣᠢᠨ᠎ᠠ᠂ ᠯᠢ ᠪᠦᠸᠧ ᠯᠢᠨ ᠳ᠋ᠦ᠍ᠷ ᠮᠥᠨ ᠮᠥᠷᠭᠥᠬᠦᠢ ᠳ᠋ᠦ᠍ᠷ ᠯᠢ ᠪᠦᠸᠧ ᠯᠢᠨ ᠬᠠᠷᠢᠨ ᠶᠡᠬᠡᠯ᠎ᠡ ᠤᠬᠢᠯᠠᠪᠠ᠃ ᠰᠢᠶᠠ ᠤᠯᠤᠰ ᠤ᠋ᠨ ᠡᠵᠡᠨ ᠤᠴᠢᠷ ᠢ᠋ ᠠᠰᠠᠭᠤᠪᠠᠰᠤ ᠯᠢ ᠪᠦᠸᠧ ᠯᠢᠨ ᠥᠭᠦᠯᠡᠷᠦᠨ :《ᠡᠵᠡᠨ ᠢᠴᠢᠩᠭᠦᠷᠡᠪᠡᠰᠦ ᠲᠦᠰᠢᠮᠡᠯ ᠦᠬᠦᠮᠦᠢ᠂ ᠮᠢᠨᠦ ᠡᠵᠡᠨ ᠬᠣᠢᠰᠢ ᠬᠠᠷᠠᠵᠤ ᠪᠤᠰᠤᠳ ᠢ᠋ ᠦᠢᠯᠡᠴᠢᠯᠡᠭᠰᠡᠨ ᠳ᠋ᠦ᠍ᠷ ᠮᠠᠨ ᠤ᠋ ᠵᠣᠭᠰᠣᠬᠤ ᠭᠠᠵᠠᠷ ᠬᠠᠮᠢᠭ᠎ᠠ ᠪᠣᠢ ?  ᠡᠳᠦᠭᠡ ᠨᠢᠭᠡᠨᠲᠡ ᠲᠡᠭᠷᠢ ᠶ᠋ᠢᠨ ᠴᠠᠭ ᠪᠣᠯᠤᠭᠰᠠᠨ ᠳ᠋ᠤᠷ ᠡᠰᠡ ᠳᠠᠭᠠᠪᠠᠰᠤ ᠤᠯᠤᠰ ᠲᠥᠷᠥ ᠶ᠋ᠢ ᠴᠦ᠍ ᠪᠠᠢᠲᠤᠭᠠᠢ᠂ ᠬᠡᠳᠦᠢ ᠡᠵᠡᠨ ᠦ᠌ ᠠᠮᠢᠨ ᠪᠡᠶ᠎ᠡ ᠶ᠋ᠢ ᠴᠦ᠍ ᠬᠠᠮᠠᠭᠠᠯᠠᠨ ᠴᠢᠳᠠᠬᠤ ᠦᠭᠡᠢ ᠪᠣᠯᠤᠭᠰᠠᠨ ᠲᠤᠯᠠ ᠠᠷᠭ᠎ᠠ ᠦᠭᠡᠢ ᠡᠵᠡᠨ ᠦ᠌ ᠪᠡᠶ᠎ᠡ ᠶ᠋ᠢ ᠪᠦᠷᠢᠨ ᠪᠣᠯᠭᠠᠭᠰᠠᠨ ᠪᠣᠯᠪᠠᠴᠤ ᠡᠵᠡᠨ ᠮᠢᠨᠦ ᠨᠢᠭᠡᠨᠲᠡ ᠪᠤᠰᠤᠳ ᠤ᠋ᠨ ᠰᠠᠢᠳ ᠪᠣᠯᠤᠭᠰᠠᠨ ᠲᠤᠯᠠ ᠰᠠᠢᠳ ᠪᠢ ᠲᠦᠮᠡᠨ ᠵᠡᠷᠭᠡ ᠦᠬᠦᠬᠦ ᠡᠴᠡ ᠪᠡᠨ ᠬᠡᠷᠬᠢᠪᠡᠴᠦ ᠬᠡᠯᠲᠦᠷᠢᠨ ᠴᠢᠳᠠᠬᠤ ᠦᠭᠡᠢ ᠪᠣᠯᠪᠠ᠃ ᠪᠢ ᠡᠰᠡ ᠦᠬᠦᠪᠡᠰᠦ ᠲᠦᠰᠢᠮᠡᠯ ᠪᠢ ᠲᠦᠮᠡᠨ ᠦᠶ᠎ᠡ ᠥᠪᠡᠷ ᠦ᠋ᠨ ᠠᠮᠢ ᠠ᠋ᠴᠠ ᠪᠠᠨ ᠠᠶᠤᠵᠤ᠂ ᠡᠵᠡᠨ ᠢ᠋ᠶ᠋ᠡᠨ ᠭᠠᠳᠠᠭᠠᠳᠤ ᠤᠯᠤᠰ ᠲᠤᠷ ᠪᠣᠭᠣᠯ ᠪᠣᠯᠭᠠᠵᠤ ᠤᠯᠤᠰ ᠢ᠋ᠶ᠋ᠠᠨ ᠬᠤᠳᠠᠯᠳᠤᠪᠠ ᠬᠡᠮᠡᠬᠦ ᠨᠡᠷ᠎ᠡ ᠡᠴᠡ ᠭᠠᠷᠴᠤ ᠴᠢᠳᠠᠬᠤ ᠦᠭᠡᠢ ᠪᠣᠯᠤᠮᠤᠢ᠃ ᠲᠡᠢᠨ ᠬᠦ᠌ ᠪᠢ ᠠᠭᠤᠯᠠᠨ ᠳ᠋ᠤᠷ ᠣᠷᠣᠭᠰᠠᠨ ᠠᠨᠤ ᠦᠬᠦᠬᠦ ᠡᠴᠡ ᠬᠡᠯᠲᠦᠷᠢᠰᠦᠭᠡᠢ ᠬᠡᠮᠡᠭᠰᠡᠨ ᠪᠥᠯᠥᠭᠡ᠃ ᠡᠵᠡᠨ ᠪᠠᠰᠠ ᠬᠦ᠌ ᠲᠠᠯᠪᠢᠬᠤ ᠦᠭᠡᠢ ᠠᠪᠴᠤ ᠢᠷᠡᠭᠰᠡᠨ ᠢᠨᠦ ᠡᠨᠡ ᠮᠢᠨᠦ ᠵᠠᠶᠠᠭ᠎ᠠ ᠲᠤᠯᠪᠠ᠃ ᠡᠳᠦᠭᠡ ᠬᠡᠳᠦᠢ ᠡᠵᠡᠨ ᠦ᠌ ᠨᠡᠷ᠎ᠡ ᠪᠦᠷᠢᠨ ᠪᠣᠯᠵᠤ᠂ ᠵᠠᠪᠰᠢᠶᠠᠨ ᠳ᠋ᠤᠷ ᠤᠯᠤᠰ ᠭᠡᠷ ᠠᠮᠢ ᠪᠡᠶ᠎ᠡ ᠬᠠᠷᠢᠨ ᠪᠦᠷᠢᠨ ᠪᠣᠯᠪᠠ᠃ ᠣᠳᠣ ᠲᠦᠰᠢᠮᠡᠯ ᠮᠢᠨᠦ ᠦᠬᠦᠬᠦ ᠴᠠᠭ ᠪᠣᠯᠪᠠ ! 》 ᠭᠡᠮᠡᠨ ᠬᠡᠯᠡᠵᠦ ᠪᠠᠷᠠᠨ᠂ ᠭᠡᠨᠡᠳᠲᠡ ᠬᠠᠨᠴᠤ ᠠ᠋ᠴᠠ ᠪᠠᠨ ᠬᠤᠷᠴᠠ ᠬᠢᠲᠤᠭ᠎ᠠ ᠭᠠᠷᠭᠠᠵᠤ ᠬᠣᠭᠣᠯᠠᠢ ᠪᠠᠨ ᠣᠭᠲᠣᠯᠪᠠ᠃ ᠣᠯᠠᠨ ᠬᠥᠮᠦᠨ ᠶᠠᠭᠠᠷᠠᠨ ᠭᠠᠷ ᠢ᠋ ᠪᠠᠷᠢᠲᠠᠯ᠎ᠠ ᠬᠢᠲᠤᠭ᠎ᠠ ᠬᠡᠳᠦᠢᠨᠡᠢ ᠨᠡᠪᠲᠡᠷᠡᠵᠦ ᠴᠢᠰᠤ ᠤᠷᠤᠰᠪᠠ᠃ ᠯᠢ ᠠᠨ ᠴᠢᠤᠸᠠᠨ ᠶᠠᠭᠠᠷᠠᠨ ᠰᠢᠷᠡᠭᠡᠨ ᠡᠴᠡ ᠪᠠᠭᠤᠵᠤ ᠶᠠᠰᠤᠨ ᠢ᠋ ᠲᠡᠪᠡᠷᠢᠨ ᠤᠬᠢᠯᠠᠵᠤ ᠪᠠᠢᠲᠠᠯ᠎ᠠ ᠮᠣᠩᠭᠣᠯ ᠤ᠋ᠨ ᠴᠡᠷᠢᠭ ᠦ᠋ᠨ ᠬᠦᠷᠢᠶᠡᠨ ᠡᠴᠡ ᠬᠠᠭᠠᠨ ᠤ᠋ ᠡᠯᠴᠢ ᠵᠠᠯᠮ᠎ᠠ ᠸᠠᠩ᠂  ᠴᠠ‍ ᠴᠢᠨ ᠸᠠᠩ ᠬᠣᠶᠠᠭᠤᠯᠠ ᠵᠠᠷᠯᠢᠭ ᠤ᠋ᠨ ᠪᠢᠴᠢᠭ ᠡᠭᠦᠷᠴᠦ ᠯᠢᠦ ᠪᠦᠸᠧ ᠯᠢᠨ ᠢ᠋ ᠤᠬᠠᠮᠵᠢᠯᠠᠯᠳᠤ ᠲᠦᠰᠢᠮᠡᠯ᠂ ᠡᠭᠦᠨ ᠦ᠌ ᠮᠡᠷᠭᠡᠨ ᠢ᠋ᠶ᠋ᠡᠷ ᠴᠠᠭ ᠢ᠋ ᠮᠡᠳᠡᠵᠦ᠂ ᠰᠢᠶᠠ ᠤᠯᠤᠰ ᠪᠦᠷᠢᠨ ᠪᠣᠯᠤᠭᠰᠠᠨ ᠲᠤᠯᠠ ᠬᠠᠭᠠᠨ ᠤ᠋ ᠵᠠᠷᠯᠢᠭ ᠢ᠋ᠶ᠋ᠠᠷ ᠯᠢᠦ ᠪᠦᠸᠧ ᠯᠢᠨ ᠦ᠌ ᠰᠢᠶᠠ ᠤᠯᠤᠰ ᠤ᠋ᠨ ᠡᠵᠡᠨ ᠳ᠋ᠦ᠍ᠷ ᠡᠷᠬᠢᠯᠡᠭᠰᠡᠨ ᠰᠠᠢᠳ ᠡᠷᠭᠦᠮᠵᠢᠯᠡᠭᠦᠯᠦᠷ᠎ᠡ ᠵᠠᠷᠤᠭᠰᠠᠨ ᠠᠵᠤᠭᠤ᠃ ᠣᠷᠣᠵᠤ ᠢᠷᠡᠨ ᠯᠢᠦ ᠪᠦᠸᠧ ᠯᠢᠨ ᠦ᠌ ᠦᠬᠦᠭᠰᠡᠨ ᠢ᠋ ᠦᠵᠡᠭᠡᠳ ᠤᠴᠢᠷ ᠢ᠋ ᠠᠰᠠᠭᠤᠭᠰᠠᠨ ᠳ᠋ᠤ᠌ ᠯᠢ ᠠᠨ ᠴᠢᠤᠸᠠᠨ ᠨᠢᠭᠤᠯ ᠦᠭᠡᠢ ᠤᠴᠢᠷ ᠢ᠋ ᠬᠡᠯᠡᠭᠰᠡᠨ ᠳ᠋ᠦ᠍ᠷ ᠵᠡᠯᠮ᠎ᠡ ᠨᠠᠷ ᠮᠠᠰᠢᠳᠠ ᠰᠠᠢᠰᠢᠶᠠᠵᠤ᠂ ᠦᠬᠦᠭᠰᠡᠨ ᠪᠡᠶ᠎ᠡ ᠳ᠋ᠦ᠍ᠷ ᠬᠠᠭᠠᠨ ᠤ᠋ ᠵᠠᠷᠯᠢᠭ ᠢ᠋ ᠳᠠᠭᠤᠳᠠᠨ ᠥᠭᠴᠦ ᠬᠠᠭᠠᠨ ᠤ᠋ ᠰᠣᠶᠣᠷᠬᠠᠭᠰᠠᠨ ᠳᠡᠪᠡᠯ ᠮᠠᠯᠠᠭ᠎ᠠ ᠶ᠋ᠢ ᠶᠠᠰᠤᠨ ᠳ᠋ᠤᠷ ᠡᠮᠦᠰᠬᠡᠵᠦ᠂ ᠡᠭᠡᠵᠦ ᠵᠠᠷᠯᠢᠭ ᠢ᠋ ᠡᠭᠡᠭᠦᠯᠬᠦᠢ ᠳ᠋ᠦ᠍ᠷ ᠡᠳᠡᠭᠡᠷ ᠤᠴᠢᠷ ᠢ᠋ ᠪᠦᠷᠢᠨ ᠠᠢᠯᠠᠳᠬᠠᠭᠰᠠᠨ ᠳ᠋ᠤᠷ ᠬᠠᠭᠠᠨ ᠶᠡᠬᠡᠯ᠎ᠡ ᠭᠠᠢᠬᠠᠨ ᠰᠠᠢᠰᠢᠶᠠᠵᠤ ᠵᠠᠭᠤᠨ ᠲᠦᠰᠢᠮᠡᠳ ᠦ᠋ᠨ ᠵᠦᠭ ᠵᠠᠷᠯᠢᠭ ᠪᠣᠯᠤᠷᠤᠨ :《ᠣᠯᠠᠨ ᠲᠦᠰᠢᠮᠡᠳ ᠲᠠ ᠰᠣᠨᠣᠰ᠂ ᠡᠨᠡ ᠳᠠᠷᠤᠢ ᠮᠠᠨ ᠤ᠋ ᠮᠡᠲᠦ ᠲᠥᠷᠥ ᠶ᠋ᠢᠨ ᠦᠯᠢᠭᠡᠷ ᠪᠣᠯᠠᠢ᠂ ᠮᠠᠨᠳᠤᠬᠤ ᠲᠥᠷᠥ ᠳ᠋ᠦ᠍ᠷ ᠵᠢᠳᠬᠦᠨ ᠦᠬᠦᠭᠴᠢ ᠰᠠᠢᠳ᠂ ᠡᠪᠳᠡᠷᠡᠬᠦ ᠲᠥᠷᠥ ᠶ᠋ᠢ ᠬᠠᠯᠠᠨ ᠥᠭᠭᠦᠭᠴᠢ ᠲᠦᠰᠢᠮᠡᠯ ᠬᠣᠶᠠᠷ ᠠᠯᠢᠨ ᠠᠨᠤ ᠭᠠᠰᠢᠭᠤᠨ ᠪᠣᠢ ? ᠡᠨᠡ ᠢᠨᠦ ᠭᠠᠰᠢᠭᠤᠨ ᠤ᠋ ᠲᠤᠢᠯ᠂ ᠮᠥᠨ ᠬᠦ᠌ ᠤᠷᠤᠭ ᠤ᠋ᠨ ᠸᠠᠩ ᠵᠠᠯᠮ᠎ᠠ᠂ ᠲᠠᠢᠽᠢ ᠴᠠ‍ ᠴᠢᠨ ᠸᠠᠩ ᠨᠠᠷ ᠮᠡᠬᠦᠰ ᠮᠢᠨᠦ ᠡᠮᠦᠨ᠎ᠡ ᠡᠴᠡ ᠴᠢᠩ ᠰᠢᠳᠤᠷᠭᠤ ᠴᠣᠯᠠ ᠬᠠᠢᠷᠠᠯᠠᠯ ᠢ᠋ ᠠᠪᠠᠴᠢᠵᠤ ᠲᠡᠭᠦᠨ ᠦ᠌ ᠬᠡᠭᠦᠷ ᠲᠣᠷ ᠰᠣᠶᠣᠷᠬ᠎ᠠ ! 》ᠭᠡᠮᠡᠨ ᠢᠯᠡᠭᠡᠪᠡ᠃ 
       ᠰᠢᠶᠠ ᠤᠯᠤᠰ ᠤ᠋ᠨ ᠨᠡᠢᠲᠡ ᠪᠡᠷ ᠡᠨᠡ ᠶᠠᠪᠤᠳᠠᠯ ᠳ᠋ᠤᠷ ᠬᠠᠭᠠᠨ ᠤ᠋ ᠭᠡᠭᠡᠨ ᠢ᠋ ᠲᠡᠭᠷᠢ ᠮᠡᠲᠦ ᠦᠵᠡᠵᠦ᠂ ᠨᠡᠩ ᠨᠢᠭᠤᠷ ᠢ᠋ ᠦᠵᠡᠵᠦ ᠮᠥᠷᠭᠥᠰᠦᠭᠡᠢ ᠬᠡᠮᠡᠬᠦᠢ ᠳ᠋ᠦ᠍ᠷ ᠮᠤᠬᠤᠯᠢ ᠰᠠᠨᠠᠭᠠᠨ ᠢ᠋ ᠮᠡᠳᠡᠵᠦ ᠠᠷᠭ᠎ᠠ ᠦᠭᠡᠢ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠥᠨᠳᠥᠷ ᠳᠣᠪᠣ ᠳ᠋ᠤᠷ ᠠᠪᠠᠷᠢᠵᠤ᠂ ᠰᠢᠶᠠ ᠤᠯᠤᠰ ᠤ᠋ᠨ ᠵᠠᠭᠤᠨ ᠲᠦᠮᠡᠨ ᠴᠡᠷᠢᠭ ᠢᠷᠭᠡᠨ ᠳ᠋ᠦ᠍ᠷ ᠪᠡᠶ᠎ᠡ ᠪᠡᠨ ᠦᠵᠡᠭᠦᠯᠵᠦ ᠰᠤᠷᠭᠠᠯ ᠵᠠᠷᠯᠢᠭ ᠪᠣᠯᠤᠭᠰᠠᠨ ᠠᠨᠤ : 
             ᠬᠥᠮᠦᠨ ᠦ᠌ ᠡᠵᠡᠨ ᠪᠣᠯᠤᠭᠴᠢᠳ ᠥᠪᠡᠷ ᠦ᠋ᠨ ᠪᠤᠷᠤᠭᠤ ᠪᠠᠨ ᠬᠢᠨᠠ 
             ᠬᠥᠮᠦᠨ ᠦ᠌ ᠰᠠᠢᠳ ᠪᠣᠯᠤᠭᠴᠢᠳ ᠥᠪᠡᠷ ᠦ᠋ᠨ ᠡᠷᠬᠢᠮ ᠢ᠋ᠶ᠋ᠡᠨ ᠪᠣᠳᠣ᠃ 
             ᠬᠥᠮᠦᠨ ᠦ᠌ ᠡᠴᠢᠭᠡ ᠪᠣᠯᠤᠭᠴᠢᠳ ᠥᠪᠡᠷ ᠦ᠋ᠨ ᠬᠥᠪᠡᠭᠦᠨ ᠦ᠌ ᠬᠢᠷᠢ ᠶ᠋ᠢ ᠢᠨᠦ ᠦᠵᠡ 
             ᠬᠥᠮᠦᠨ ᠦ᠌ ᠬᠥᠪᠡᠭᠦᠨ ᠪᠣᠯᠤᠭᠴᠢᠳ ᠥᠪᠡᠷ ᠦ᠋ᠨ ᠬᠢᠴᠢᠶᠡᠯ ᠢ᠋ᠶ᠋ᠡᠨ ᠰᠠᠨᠠ᠂ 
             ᠬᠥᠮᠦᠨ ᠦ᠌ ᠨᠥᠬᠥᠷ ᠪᠣᠯᠤᠭᠴᠢᠳ ᠥᠪᠡᠷ ᠦ᠋ᠨ ᠶᠠᠪᠤᠳᠠᠯ ᠢ᠋ᠶ᠋ᠠᠨ ᠰᠢᠨᠵᠢ 
             ᠬᠥᠮᠦᠨ ᠦ᠌ ᠲᠦᠰᠢᠮᠡᠯ ᠪᠣᠯᠤᠭᠴᠢᠳ ᠥᠪᠡᠷ ᠦ᠋ᠨ ᠵᠢᠳᠬᠦᠯ ᠪᠦᠲᠦᠭᠰᠡᠨ ᠳ᠋ᠦ᠍ᠷ ᠢ᠋ᠶ᠋ᠡᠨ ᠬᠢᠴᠢᠶᠡ! 
ᠬᠡᠮᠡᠭᠰᠡᠨ ᠳ᠋ᠦ᠍ᠷ ᠵᠠᠭᠤᠨ ᠲᠦᠮᠡᠨ ᠴᠡᠷᠢᠭ ᠶᠠᠭᠠᠷᠠᠨ ᠴᠢᠩᠭᠢᠰ ᠬᠠᠭᠠᠨ ᠤ᠋ ᠲᠡᠭᠷᠢ ᠶ᠋ᠢᠨ ᠰᠦᠷ ᠵᠢᠪᠬᠤᠯᠠᠩ ᠥᠩᠭᠡ ᠭᠡᠷᠡᠯ ᠢ᠋ ᠦᠵᠡᠭᠡᠳ ᠰᠣᠴᠢᠨ ᠭᠠᠢᠬᠠᠯᠳᠤᠵᠤ ᠨᠢᠭᠡᠨ ᠳᠠᠭᠤᠨ ᠢ᠋ᠶ᠋ᠠᠷ 《ᠲᠦᠮᠡᠨ ᠨᠠᠰᠤᠲᠤ ᠲᠦᠮᠡᠨ ᠨᠠᠰᠤᠲᠤ ! 》 ᠭᠡᠮᠡᠨ ᠮᠥᠷᠭᠥᠯᠴᠡᠵᠦ᠂ ᠵᠢᠷᠭᠤᠭᠠᠨ ᠪᠠᠳᠠᠭ ᠵᠠᠷᠯᠢᠭ ᠢ᠋ ᠬᠠᠭᠤᠯᠤᠨ ᠪᠢᠴᠢᠵᠦ ᠭᠡᠷ ᠪᠦᠷᠢ ᠲᠠᠬᠢᠬᠤᠶ᠎ᠠ᠂ ᠡᠭᠦᠨ ᠦ᠌ ᠳᠣᠲᠣᠷ᠎ᠠ ᠪᠠᠷᠠᠭᠤᠨ ᠭᠠᠵᠠᠷ ᠤ᠋ᠨ ᠨᠢᠭᠡᠨ ᠤᠷᠠᠨ ᠪᠠᠢᠵᠤ ᠴᠢᠩᠭᠢᠰ ᠬᠠᠭᠠᠨ ᠤ᠋ ᠭᠡᠭᠡᠬᠡᠨ ᠳᠦᠷᠰᠦ ᠶ᠋ᠢ ᠨᠢᠭᠡᠨ ᠬᠡᠰᠡᠭ ᠰᠢᠯ ᠦ᠋ᠨ ᠳᠣᠲᠣᠷ᠎ᠠ ᠲᠤᠰᠬᠠᠵᠤ ᠠᠪᠤᠪᠠ ① ᠃ ᠬᠣᠢᠨ᠎ᠠ ᠲᠡᠭᠦᠨ ᠢ᠋ ᠵᠢᠷᠤᠨ ᠠᠪᠴᠤ ᠳᠠᠬᠢᠵᠤᠬᠤᠢ᠃ ᠬᠣᠢᠨ᠎ᠠ ᠴᠢᠩᠭᠢᠰ ᠬᠠᠭᠠᠨ ᠲᠡᠭᠷᠢ ᠪᠣᠯᠤᠭᠰᠠᠨ ᠳ᠋ᠤᠷ ᠬᠡᠳᠦᠢᠴᠢᠨᠡᠭᠡᠨ ᠭᠡᠷᠡᠯ ᠦ᠋ᠨ ᠳᠦᠷᠰᠦ ᠶ᠋ᠢ ᠦᠵᠡᠪᠡᠴᠦ ᠨᠡᠩᠳᠡ ᠳᠠᠷᠤᠢ ᠡᠷᠢᠭᠰᠡᠭᠡᠷ ᠬᠠᠷᠢᠨ ᠰᠢᠶᠠ ᠤᠯᠤᠰ ᠠ᠋ᠴᠠ ᠡᠨᠡ ᠠᠷᠢᠭᠤᠨ ᠪᠠᠢᠳᠠᠯ ᠢ᠋ ᠵᠢᠷᠤᠭᠤᠯᠤᠨ ᠠᠪᠴᠤ ᠤᠭ ᠤᠯᠤᠰ ᠲᠤᠷ ᠪᠠᠢᠭᠰᠠᠨ ᠭᠡᠷᠡᠯᠲᠦ ᠳᠦᠷᠰᠦ ᠲᠡᠢ ᠠᠳᠠᠯᠢᠳᠬᠠᠪᠠᠰᠤ ᠦᠨᠡᠬᠡᠷ ᠠᠪ ᠠᠳᠠᠯᠢ ᠲᠤᠯᠠ ᠲᠠᠬᠢᠯᠭ᠎ᠠ ᠶ᠋ᠢᠨ ᠰᠦᠮ᠎ᠡ ᠳ᠋ᠦ᠍ᠷ ᠣᠷᠣᠭᠤᠯᠤᠨ ᠲᠠᠢᠵᠤ᠂ ᠲᠥᠷᠥ ᠪᠠᠢᠭᠤᠯᠬᠤ ᠳ᠋ᠤᠷ ᠲᠡᠭᠦᠨ ᠢ᠋ ᠬᠡᠷᠡᠭᠯᠡᠪᠡ ᠬᠡᠮᠡᠵᠦᠬᠦᠢ᠃ 
       ᠲᠡᠨᠳᠡᠴᠡ ᠬᠠᠭᠠᠨ ᠤ᠋  ᠭᠡᠭᠡᠨ ᠰᠢᠶᠠ ᠤᠯᠤᠰ ᠤ᠋ᠨ ᠪᠠᠷᠢᠭ᠍ᠳᠠᠭᠰᠠᠨ ᠴᠡᠷᠢᠭ ᠢ᠋ ᠤᠯᠤᠰ ᠲᠤᠷ ᠠᠨᠤ ᠦᠯᠡᠳᠡᠭᠡᠵᠦ᠂ ᠪᠠᠰᠠ ᠰᠠᠷᠲᠠᠭᠴᠢᠨ ᠤ᠋ ᠴᠡᠷᠢᠭ ᠢ᠋ ᠮᠥᠨ  ᠡᠭᠡᠭᠦᠯᠬᠦᠢ ᠳ᠋ᠦ᠍ᠷ ᠰᠠᠷᠲᠠᠭᠴᠢᠨ ᠤ᠋ ᠰᠢᠷ᠎ᠠ ᠨᠢᠭᠡᠨ ᠵᠠᠮ ᠬᠠᠭᠠᠨ ᠤ᠋ ᠡᠳᠡᠭᠡᠷ ᠢ᠋ ᠦᠵᠡᠭᠰᠡᠭᠡᠷ ᠨᠡᠩᠳᠡ ᠰᠡᠳᠬᠢᠯ ᠢᠭᠲᠦᠯᠦᠨ ᠭᠡᠷ ᠡᠷᠦᠬᠡ ᠪᠡᠨ ᠣᠷᠬᠢᠵᠤ ᠬᠠᠷᠢᠬᠤ ᠪᠠᠨ ᠪᠠᠢᠵᠤ ᠳᠠᠭᠠᠭᠰᠠᠨ ᠳ᠋ᠤᠷ ᠡᠨᠡ ᠮᠡᠲᠦ ᠰᠢᠶᠨ ᠤᠯᠤᠰ ᠪᠠ  ᠰᠠᠷᠲᠠᠭᠴᠢᠨ ᠤᠯᠤᠰ ᠤ᠋ᠨ ᠳᠠᠭᠠᠭᠰᠠᠨ ᠨᠡᠢᠲᠡ ᠬᠣᠶᠠᠷ ᠲᠦᠮᠡᠨ ᠢᠯᠡᠭᠦᠦ ᠴᠡᠷᠢᠭ ᠪᠣᠯᠤᠭᠰᠠᠨ ᠳ᠋ᠤᠷ ᠬᠠᠭᠠᠨ ᠥᠷᠥᠰᠢᠶᠡᠨ ᠵᠠᠷᠯᠢᠭ ᠪᠠᠭᠤᠯᠭᠠᠵᠤ᠂ ᠲᠡᠳᠡᠨ ᠳ᠋ᠦ᠍ᠷ :《ᠬᠠᠷᠢᠵᠤ ᠭᠡᠷ ᠡᠷᠦᠬᠡ ᠪᠡᠨ ᠦᠵᠡ᠂ ᠡᠴᠢᠭᠡ ᠡᠬᠡ ᠳ᠋ᠡᠭᠡᠨ ᠬᠡᠯᠡᠭᠰᠡᠨ ᠴᠡᠷᠢᠭ ᠰᠠᠶᠢ ᠢᠷᠡᠲᠦᠭᠡᠢ ! 》ᠭᠡᠮᠡᠨ ᠵᠠᠷᠯᠠᠭᠰᠠᠨ ᠳ᠋ᠤᠷ ᠣᠯᠠᠨ ᠴᠡᠷᠢᠭ ᠠᠷᠭ᠎ᠠ ᠦᠭᠡᠢ ᠰᠠᠯᠬᠤᠢ ᠳ᠋ᠤᠷ ᠡᠴᠢᠭᠡ ᠡᠬᠡ ᠡᠴᠡ ᠪᠡᠨ ᠰᠠᠯᠬᠤ ᠳ᠋ᠤᠷ ᠠᠳᠠᠯᠢ ᠤᠬᠢᠯᠠᠯᠳᠤᠵᠤ᠂ ᠵᠢᠴᠢ ᠰᠠᠷᠲᠠᠭᠴᠢᠨ ᠤ᠋ ᠠᠮᠪᠠᠭᠠᠢ ᠶ᠋ᠢᠨ ᠬᠥᠪᠡᠭᠦᠨ ᠭᠠᠪᠠᠯᠤᠨ᠂ ᠰᠢᠷ᠎ᠠ ᠠ᠋ᠴᠠ ᠰᠣᠨᠣᠰᠴᠤ ᠤᠯᠤᠰ ᠢ᠋ᠶ᠋ᠠᠨ ᠠᠪᠴᠤ ᠢᠷᠡᠨ ᠮᠥᠷᠭᠥᠵᠦ ᠳᠠᠭᠠᠪᠠ᠃ 
       ᠲᠡᠳᠦᠢ ᠨᠠᠮᠤᠷ ᠤ᠋ᠨ ᠰᠡᠭᠦᠯ ᠰᠠᠷ᠎ᠠ ᠳ᠋ᠤᠷ ᠬᠠᠭᠠᠨ ᠤ᠋ ᠭᠡᠭᠡᠨ ᠡᠭᠡᠵᠦ ᠣᠷᠣᠬᠤᠢ ᠳ᠋ᠤᠷ ᠰᠢᠶᠠ ᠤᠯᠤᠰ ᠤ᠋ᠨ ᠡᠵᠡᠨ ᠰᠠᠢᠳ ᠪᠠ ᠴᠡᠷᠢᠭ ᠢᠷᠭᠡᠨ ᠬᠡᠳᠦᠨ ᠵᠠᠭᠤᠨ ᠭᠠᠵᠠᠷ ᠳᠠᠭᠠᠵᠤ ᠤᠬᠢᠯᠠᠨ ᠰᠠᠯᠬᠤ ᠦᠭᠡᠢ ᠳ᠋ᠦ᠍ᠷ ᠬᠠᠭᠠᠨ ᠤ᠋ ᠳᠣᠲᠣᠷ᠎ᠠ ᠮᠥᠨ ᠡᠨᠡᠷᠢᠵᠦ᠂ ᠵᠢᠯ ᠦ᠋ᠨ ᠠᠯᠪᠠ ᠶ᠋ᠢᠨ ᠬᠠᠭᠠᠰ ᠢ᠋ ᠥᠷᠥᠰᠢᠶᠡᠨ ᠢᠷᠭᠡᠨ ᠳ᠋ᠦ᠍ᠷ ᠱᠠᠩᠨᠠ ᠭᠡᠮᠡᠨ ᠵᠠᠷᠯᠢᠭ ᠪᠠᠭᠤᠯᠭᠠᠭᠰᠠᠨ ᠳ᠋ᠤᠷ ᠣᠯᠠᠨ ᠠᠷᠠᠳ ᠨᠡᠩᠳᠡ ᠰᠦᠰᠦᠭᠯᠡᠨ᠂ ᠵᠢᠴᠢ ᠬᠠᠭᠠᠨ ᠤ᠋ ᠭᠡᠭᠡᠨ ᠣᠯᠠᠨ ᠢ᠋ᠶ᠋ᠠᠷ ᠤᠯᠤᠰ ᠲᠠᠭᠠᠨ ᠢᠷᠡᠬᠦᠢ ᠳ᠋ᠦ᠍ᠷ ᠲᠡᠷᠢᠭᠦᠨ ᠤᠲᠤᠯᠭᠠᠨ ᠳ᠋ᠤᠷ ᠶᠡᠬᠡ ᠲᠠᠢᠽᠢ ᠵᠣ᠌ ᠴᠢᠨ ᠸᠠᠩ ᠪᠠᠭ᠎ᠠ ᠵᠠᠩᠵᠤᠨ ᠨᠠᠷ ᠢ᠋ ᠠᠪᠴᠤ ᠪᠠᠶᠠᠷ ᠤ᠋ᠨ ᠶᠣᠰᠣᠭᠠᠷ ᠮᠥᠷᠭᠥᠵᠦ ᠤᠭᠲᠤᠪᠠ᠃ ᠬᠣᠶᠠᠳᠤᠭᠠᠷ ᠣᠳᠤᠯᠭᠠᠨ ᠳ᠋ᠤᠷ ᠣᠴᠢᠭ ᠭᠠᠴᠤᠭ ᠬᠣᠶᠠᠷ ᠴᠢᠨ ᠸᠠᠩ ᠲᠠᠢᠹᠦ᠋ ᠨᠠᠷ ᠢ᠋ ᠠᠪᠴᠤ ᠤᠭᠲᠤᠪᠠ᠃ ᠭᠤᠷᠪᠠᠳᠤᠭᠠᠷ ᠣᠳᠤᠯᠭᠠᠨ ᠳ᠋ᠤᠷ ᠲᠠᠪᠤᠨ ᠲᠠᠢᠰᠢ ᠲᠠᠢᠬᠡᠦ ᠶ᠋ᠢᠨ ᠵᠠᠷᠯᠢᠭ ᠢ᠋ ᠠᠪᠴᠤ ᠤᠭᠲᠤᠪᠠ᠃ ᠲᠡᠳᠦᠢ ᠣᠷᠳᠣᠨ ᠳ᠋ᠤᠷ ᠪᠠᠭᠤᠵᠤ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠲᠠᠢᠬᠡᠦ ᠶ᠋ᠢᠨ ᠣᠷᠲᠣᠨ᠎ᠠ ᠠᠮᠤᠭᠤᠯᠠᠩ ᠡᠷᠢᠷ᠎ᠡ ᠡᠴᠢᠪᠡ᠃ ᠬᠠᠭᠠᠨ ᠡᠭᠡᠵᠦ ᠭᠠᠷᠴᠤ ᠬᠣᠢᠲᠤ ᠤᠢ᠍ᠢᠭᠤᠷ ᠤᠯᠤᠰ ᠤ᠋ᠨ ᠡᠵᠡᠨ ᠬᠡᠰᠢᠭᠲᠦ ᠪᠠᠷᠠᠯᠬᠠᠨ ᠮᠥᠷᠭᠥᠷ᠎ᠡ ᠢᠷᠡᠭᠰᠡᠨ ᠢ᠋ ᠪᠠᠷᠠᠭᠠᠳᠠᠭᠤᠯᠤᠨ ᠬᠦᠨᠳᠦ ᠬᠤᠷᠢᠮ ᠬᠠᠢᠷᠠᠯᠠᠪᠠ᠃  

– – – – 
①  ᠡᠨᠡ ᠯᠠᠪ ᠡᠨᠡ ᠦᠶ᠎ᠡ ᠶ᠋ᠢᠨ ᠵᠣᠣ ᠰᠢᠶᠠᠩ ᠫᠢᠶᠠᠨᠽᠢ ᠶ᠋ᠢᠨ ᠠᠷᠭ᠎ᠠ ᠪᠣᠢ ᠶ᠎ᠠ᠂ ᠲᠡᠷᠡ ᠦᠶ᠎ᠡ ᠳ᠋ᠦ᠍ᠷ ᠰᠢᠯ ᠦ᠋ᠨ ᠳᠣᠲᠣᠷ᠎ᠠ ᠳᠤᠰᠬᠠᠵᠤ ᠠᠪᠤᠪᠠ ᠭᠡᠮᠡᠨ ᠪᠢᠴᠢᠵᠦᠬᠦᠢ᠃  

ᠰᠤᠳᠤᠷᠴᠢ ᠲᠦᠰᠢᠮᠡᠯ ᠦ᠋ᠨ ᠰᠤᠯᠠ ᠰᠢᠯᠦᠭ  ᠢᠨᠦ : 
             ᠦᠨᠡᠨᠴᠢ ᠭᠡᠭᠡᠬᠡᠨ ᠥᠷᠥᠰᠢᠶᠡᠯ ᠡᠷᠳᠡᠮ ᠢ᠋ ᠦᠨᠡᠨ ᠲᠡᠭᠷᠢ ᠪᠤᠰᠤ ᠪᠣᠯᠪᠠᠰᠤ ᠬᠡᠨ ᠢ᠋᠎ᠡ ᠴᠢᠳᠠᠬᠤ ?
             ᠦᠷᠭᠦᠯᠵᠢ ᠠᠷᠢᠭᠤᠨ ᠮᠡᠷᠭᠡᠨ ᠪᠠᠭᠠᠲᠤᠷ ᠬᠤᠪᠢᠯᠭᠠᠨ ᠴᠢᠩᠭᠢᠰ ᠡᠴᠡ ᠥᠪᠡᠷ᠎ᠡ ᠦᠨᠡᠬᠡᠷ ᠦᠭᠡᠢ᠃ 
             ᠦᠢᠯᠡᠳᠬᠦ ᠡᠭᠦᠰᠬᠡᠬᠦ ᠦᠵᠡᠯ ᠶᠠᠪᠤᠳᠠᠯ ᠲᠥᠷᠥᠯᠬᠢ ᠲᠥᠪ ᠶᠡᠬᠡ ᠲᠠᠭᠠᠯᠴᠠᠨ ᠮᠡᠨᠳᠦᠯᠡᠭᠰᠡᠨ ᠲᠤᠯᠠ 
             ᠥᠯᠥᠭᠡᠢ ᠮᠣᠩᠭᠣᠯ ᠤ᠋ᠨ ᠡᠯᠡᠰᠦᠨ᠎ᠡ ᠲᠥᠷᠥᠪᠡᠴᠦ ᠡᠷᠲᠡᠨ ᠦ᠌ ᠨᠡᠷᠡᠲᠦ ᠬᠠᠭᠠᠳ ᠠ᠋ᠴᠠ ᠬᠡᠲᠦᠷᠡᠵᠦᠬᠦᠢ᠃