ᠬᠥᠬᠡ ᠰᠤᠳᠤᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ > Хөх судар - Инжинаш < Дөчин дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ > Хөх судар - Инжинаш < Дөчин дөрөвдүгээр бүлэг >

ᠬᠥᠬᠡ ᠰᠤᠳᠤᠷ - ᠢᠨᠵᠠᠨᠨᠠᠰᠢ < ᠳᠥᠴᠢᠨ ᠳᠥᠷᠪᠡᠳᠦᠭᠡᠷ ᠪᠦᠯᠦᠭ > Хөх судар - Инжинаш < Дөчин дөрөвдүгээр бүлэг >

ᠠᠩᠭᠢᠯᠠᠯ:ᠲᠡᠦᠬᠡ ᠰᠣᠶᠣᠯ
2023-09-08

230

ᠶᠧ ᠯᠢᠦᠢ ᠯᠢᠦ ᠭᠧ ᠯᠢᠶᠣᠤ ᠳ᠋ᠦᠩ ᠢ᠋ ᠠᠪᠴᠤ ᠶᠡᠬᠡ ᠮᠣᠩᠭᠣᠯ ᠤᠯᠤᠰ ᠲᠤᠷ ᠳᠠᠭᠠᠪᠠ

ᠶᠢᠰᠦᠨ ᠮᠣᠩᠭᠣᠯ ᠵᠠᠯᠠᠭᠤ ᠵᠠᠩᠵᠤᠨ ᠢ᠋ ᠳᠠᠭᠠᠭᠤᠯᠤᠨ ᠳᠤᠮᠳᠠᠳᠤ ᠠᠯᠲᠠᠨ ᠤᠯᠤᠰ ᠢ᠋ ᠡᠪᠳᠡᠪᠡ


                ᠳᠥᠴᠢᠨ ᠳᠥᠷᠪᠡᠳᠦᠭᠡᠷ ᠪᠦᠯᠦᠭ   
                                    ᠬᠠᠷ᠎ᠠ ᠪᠡᠴᠢᠨ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠳᠣᠯᠣᠳᠤᠭᠠᠷ ᠣᠨ᠂ ᠡᠨᠡ ᠵᠢᠯ ᠴᠢᠩᠭᠢᠰ ᠬᠠᠭᠠᠨ
                                    ᠲᠠᠪᠢᠨ ᠨᠢᠭᠡᠨ ᠰᠡᠭᠦᠳᠡᠷ ᠲᠡᠢ ᠂ ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠲᠠᠪᠤᠳᠤᠭᠠᠷ ᠣᠨ᠂  
                                    ᠠᠯᠲᠠᠨ ᠤᠯᠤᠰ ᠤ᠋ᠨ ᠶᠦᠩ ᠵᠢᠢ ᠣᠨ ᠤ᠋ ᠨᠡᠷ᠎ᠡ ᠪᠡᠨ ᠬᠠᠯᠠᠵᠤ ᠴᠥᠩ ᠴᠢᠩ ᠦ᠋ᠨ ᠲᠡᠷᠢᠭᠦᠨ ᠦ᠌ ᠣᠨ ᠬᠡᠮᠡᠪᠡ 

             ᠶᠧ ᠯᠢᠦᠢ ᠯᠢᠦ ᠭᠧ ᠯᠢᠶᠣᠤ ᠳ᠋ᠦᠩ ᠢ᠋ ᠠᠪᠴᠤ ᠶᠡᠬᠡ ᠮᠣᠩᠭᠣᠯ ᠤᠯᠤᠰ ᠲᠤᠷ ᠳᠠᠭᠠᠪᠠ 
             ᠶᠢᠰᠦᠨ ᠮᠣᠩᠭᠣᠯ ᠵᠠᠯᠠᠭᠤ ᠵᠠᠩᠵᠤᠨ ᠢ᠋ ᠳᠠᠭᠠᠭᠤᠯᠤᠨ ᠳᠤᠮᠳᠠᠳᠤ ᠠᠯᠲᠠᠨ ᠤᠯᠤᠰ ᠢ᠋ ᠡᠪᠳᠡᠪᠡ 

       ᠲᠡᠨᠳᠡᠴᠡ ᠮᠣᠩᠭᠣᠯ ᠤ᠋ᠨ ᠲᠠᠢᠽᠦ ᠴᠢᠩᠭᠢᠰ ᠬᠠᠭᠠᠨ ᠠᠯᠲᠠᠨ ᠤᠯᠤᠰ ᠤ᠋ᠨ ᠬᠣᠢᠲᠤ ᠬᠡᠷᠡᠮ ᠦ᠋ᠨ ᠰᠦ᠍ ᠹᠠᠩ ᠳ᠋ᠤᠷ ᠰᠠᠭᠤᠵᠤ ᠡᠮᠦᠨᠡᠰᠢ ᠣᠷᠣᠬᠤ ᠶ᠋ᠢ ᠪᠡᠯᠡᠳᠬᠡᠬᠦᠢ ᠳ᠋ᠦ᠍ᠷ ᠠᠯᠲᠠᠨ ᠤᠯᠤᠰ᠂ ᠯᠢᠶᠣᠤ ᠤᠯᠤᠰ ᠤ᠋ᠨ ᠦᠯᠡᠭᠰᠡᠨ ᠢᠷᠭᠡᠨ ᠢ᠋ ᠮᠣᠩᠭᠣᠯ ᠯᠤᠭ᠎ᠠ ᠨᠡᠢᠯᠡᠭᠦᠵᠡᠢ ᠭᠡᠮᠡᠨ ᠰᠡᠵᠢᠭᠯᠡᠵᠦ᠂ ᠠᠯᠲᠠᠨ ᠤ᠋ ᠶᠠᠳᠠᠩᠭᠢᠷᠠᠭᠰᠠᠨ ᠢᠷᠭᠡᠨ ᠢ᠋ ᠳᠡᠪᠰᠢᠭᠦᠯᠦᠨ ᠯᠢᠶᠣᠤ ᠤᠯᠤᠰ ᠲᠤᠷ ᠠᠪᠠᠴᠢᠵᠤ᠂ ᠨᠢᠭᠡᠨ ᠢᠷᠭᠡᠨ ᠦ᠌ ᠭᠡᠷ ᠲᠦ᠍ ᠨᠢᠭᠡᠨ ᠠᠯᠲᠠᠨ ᠤ᠋ ᠡᠷᠦᠬᠡ ᠶ᠋ᠢ ᠰᠠᠭᠤᠯᠭᠠᠭᠰᠠᠨ ᠳ᠋ᠤᠷ ᠯᠢᠶᠣᠤ ᠶ᠋ᠢᠨ ᠲᠦᠮᠡᠨ ᠢᠷᠭᠡᠨ ᠭᠠᠴᠢᠭᠳᠠᠵᠤ ᠭᠠᠰᠠᠯᠠᠩ ᠤ᠋ᠨ ᠳᠠᠭᠤᠨ ᠡᠭᠦᠯᠡᠨ ᠳ᠋ᠦ᠍ᠷ ᠲᠤᠯᠤᠭᠰᠠᠨ᠎ᠠ ᠯᠢᠶᠣᠤ ᠤᠯᠤᠰ ᠤ᠋ᠨ ᠬᠠᠭᠤᠴᠢᠨ ᠡᠵᠡᠨ ᠦ᠌ ᠦᠷᠡᠰ ᠨᠢᠭᠡᠨ ᠶᠧ ᠯᠢᠦᠢ ᠯᠢᠦ ᠭᠧ ᠬᠡᠮᠡᠭᠴᠢ ᠬᠥᠮᠦᠨ ᠲᠥᠷᠥᠯᠬᠢ ᠴᠢᠬᠡ ᠪᠠᠲᠤ ᠬᠠᠳᠠᠨ ᠴᠢᠭᠢᠷᠠᠭ᠂ ᠠᠯᠲᠠᠨ ᠤᠯᠤᠰ ᠤ᠋ᠨ ᠬᠠᠭᠠᠨ ᠶᠣᠰᠣ ᠦᠭᠡᠢ᠂ ᠬᠠᠭᠤᠴᠢᠨ ᠯᠢᠶᠣᠤ ᠶ᠋ᠢ ᠡᠨᠡ ᠮᠡᠲᠦ ᠶᠠᠰᠤ ᠴᠢᠮᠦᠭᠡᠨ ᠳ᠋ᠦ᠍ᠷ ᠣᠷᠣᠲᠠᠯ᠎ᠠ ᠳᠠᠷᠤᠯᠠᠬᠤ ᠳ᠋ᠤᠷ ᠲᠡᠰᠦᠨ ᠶᠠᠳᠠᠵᠤ ᠥᠪᠡᠷ ᠢ᠋ᠶ᠋ᠡᠨ ᠶᠡᠬᠡ ᠮᠣᠩᠭᠣᠯ ᠤᠯᠤᠰ ᠲᠤᠷ ᠣᠷᠣᠵᠤ ᠳᠠᠭᠠᠭᠠᠳ ᠴᠡᠷᠢᠭ ᠵᠢᠭᠡᠯᠡᠨ ᠠᠴᠢᠷᠠᠵᠤ᠂ ᠠᠯᠲᠠᠨ ᠤᠯᠤᠰ ᠤ᠋ᠨ ᠲᠦᠰᠢᠮᠡᠳ ᠢ᠋ ᠠᠯᠠᠰᠤᠭᠠᠢ ᠬᠡᠮᠡᠬᠦᠢ ᠳ᠋ᠦ᠍ᠷ ᠭᠠᠵᠠᠷ ᠬᠣᠯᠠ ᠪᠥᠭᠡᠳ ᠵᠠᠮ ᠪᠠᠰᠠ ᠲᠠᠰᠤᠯᠳᠠᠬᠤ ᠲᠤᠯᠠ ᠠᠷᠭ᠎ᠠ ᠵᠠᠪᠬᠠᠷᠠᠨ᠂ ᠯᠢᠶᠣᠤ ᠣᠪᠣᠭ ᠤ᠋ᠨ ᠪᠠᠬᠠᠨ ᠴᠢᠳᠠᠪᠤᠷᠢ ᠲᠠᠢ ᠰᠢᠭ᠋ ᠬᠡᠳᠦᠨ ᠠᠷᠪᠠᠨ ᠠᠷᠠᠳ ᠢ᠋ ᠴᠢᠭᠤᠯᠭᠤᠯᠵᠤ ᠵᠥᠪᠳᠡᠨ ᠬᠡᠯᠡᠯᠴᠡᠭᠡᠳ ᠭᠡᠨᠡᠳᠲᠡ ᠭᠠᠷ ᠬᠥᠳᠡᠯᠦᠨ ᠣᠯᠠᠨ ᠠᠢᠯ ᠪᠦᠯᠦᠭ ᠢ᠋ ᠳᠠᠭᠠᠷᠢᠨ ᠶᠠᠪᠤᠵᠤ᠂ ᠯᠢᠶᠣᠤ ᠤᠯᠤᠰ ᠤ᠋ᠨ ᠭᠠᠴᠢᠭᠳᠠᠬᠤ ᠢᠷᠭᠡᠨ ᠢ᠋ ᠥᠳᠥᠭᠡᠭᠰᠡᠨ᠎ᠡ ᠨᠢᠭᠡᠨ ᠴᠠᠭ ᠲᠤᠷ ᠬᠡᠳᠦᠨ ᠵᠠᠭᠤᠨ ᠬᠥᠮᠦᠨ ᠬᠤᠷᠠᠵᠤ᠂ ᠠᠯᠲᠠᠨ ᠤᠯᠤᠰ ᠤ᠋ᠨ ᠰᠠᠬᠢᠭᠤᠷ ᠢᠷᠭᠡᠨ ᠢ᠋ ᠠᠯᠠᠵᠤ᠂ ᠠᠷᠪᠠᠭᠠᠳ ᠡᠳᠦᠷ ᠦ᠋ᠨ ᠳᠣᠲᠣᠷ᠎ᠠ᠂ ᠯᠢᠶᠣᠤ ᠤᠯᠤᠰ ᠤ᠋ᠨ ᠭᠠᠴᠢᠭᠳᠠᠬᠤ ᠢᠷᠭᠡᠨ ᠬᠡᠳᠦᠨ ᠮᠢᠩᠭᠠᠨ ᠬᠤᠷᠠᠵᠤ ᠢᠷᠡᠭᠰᠡᠨ ᠳ᠋ᠦ᠍ᠷ ᠶᠧ ᠯᠢᠦᠢ ᠯᠢᠦ ᠭᠧ ᠳᠠᠷᠤᠢ ᠢᠯᠡᠷᠭᠡᠶ᠎ᠡ ᠤᠷᠪᠠᠵᠤ᠂ ᠯᠦᠩ ᠨᠠᠨ ᠬᠠᠨ ᠵᠧᠦ ᠬᠡᠮᠡᠬᠦ ᠭᠠᠵᠠᠷ ᠣᠳᠴᠤ ᠶᠡᠬᠡ ᠴᠡᠷᠢᠭ ᠪᠠᠢᠭᠤᠯᠤᠨ ᠪᠠᠭᠤᠳᠠᠯ ᠪᠡᠯᠡᠳᠬᠡᠭᠰᠡᠨ ᠳ᠋ᠦ᠍ᠷ ᠬᠤᠷᠳᠤᠨ ᠴᠡᠷᠢᠭ ᠱᠠᠯᠠᠮᠠᠭᠠᠢᠯᠠᠨ ᠳᠥᠷᠪᠡᠨ ᠵᠦᠭ ᠲᠦ᠍ᠷ ᠭᠠᠷᠴᠤ ᠠᠮᠤ ᠡᠪᠡᠰᠦ ᠪᠦᠯᠢᠶᠡᠨ ᠳᠡᠭᠡᠷᠡᠮᠳᠡᠨ ᠶᠠᠪᠤᠬᠤᠶ᠎ᠠ ᠠᠯᠲᠠᠨ ᠤᠯᠤᠰ ᠤ᠋ᠨ ᠬᠠᠨ ᠵᠧᠦ ᠬᠣᠲᠠ ᠶ᠋ᠢ ᠰᠠᠬᠢᠬᠤ ᠡᠦ ᠱᠤ᠌ ᠨᠡᠷᠡᠲᠦ ᠲᠦᠰᠢᠮᠡᠯ ᠬᠣᠲᠠ ᠶ᠋ᠢᠨ ᠴᠡᠷᠢᠭ ᠢ᠋ᠶ᠋ᠡᠨ ᠠᠪᠴᠤ ᠶᠧ ᠯᠢᠦᠢ ᠯᠢᠦ ᠭᠧ ᠶ᠋ᠢ ᠪᠠᠷᠢᠷ᠎ᠠ ᠭᠠᠷᠤᠭᠰᠠᠨ ᠳ᠋ᠤᠷ ᠶᠧ ᠯᠢᠦᠢ ᠯᠢᠦ ᠬᠢ ᠭᠡᠨᠡᠳᠲᠡ ᠡᠰᠡᠷᠭᠦᠯᠡᠨ ᠣᠷᠣᠵᠤ ᠦᠬᠦᠨ ᠪᠠᠢᠯᠳᠤᠭᠰᠠᠨ᠎ᠠ ᠠᠯᠲᠠᠨ ᠤᠯᠤᠰ ᠤ᠋ᠨ ᠴᠡᠷᠢᠭ ᠯᠠᠪ ᠶᠧ ᠯᠢᠦᠢ ᠯᠢᠦ ᠭᠧ ᠶ᠋ᠢ ᠪᠤᠷᠤᠭᠤᠯᠠᠮᠤᠢ ᠊ᠢ᠎ᠠ ᠭᠡᠮᠡᠨ ᠰᠡᠳᠬᠢᠬᠦᠢ ᠳ᠋ᠦ᠍ᠷ ᠰᠠᠨᠠᠮᠰᠠᠷ ᠦᠭᠡᠢ ᠭᠡᠨᠡᠳᠲᠡ ᠤᠭᠲᠤᠨ ᠠᠯᠠᠯᠳᠤᠭᠰᠠᠨ ᠳ᠋ᠤᠷ ᠡᠦ ᠱᠤ᠌ ᠶ᠋ᠢᠨ ᠴᠡᠷᠢᠭ ᠶᠡᠬᠡᠯ᠎ᠡ ᠳᠠᠷᠤᠭᠳᠠᠵᠤ᠂ ᠶᠧ ᠯᠢᠦᠢ ᠯᠢᠦ ᠭᠧ ᠭᠠᠭᠴᠠᠭᠠᠷ ᠲᠡᠷᠢᠭᠦᠯᠡᠨ ᠣᠷᠣᠵᠤ᠂ ᠬᠠᠨ ᠵᠧᠦ ᠶ᠋ᠢᠨ ᠲᠦᠰᠢᠮᠡᠯ ᠡᠦ ᠱᠤ᠌ ᠶ᠋ᠢ ᠴᠠᠪᠴᠢᠵᠤ ᠮᠣᠷᠢᠨ ᠠ᠋ᠴᠠ ᠤᠨᠠᠭᠠᠭᠠᠳ ᠳᠡᠢᠯᠦᠭᠰᠡᠨ ᠬᠦᠴᠦᠨ ᠳ᠋ᠦ᠍ᠷ ᠢ᠋ᠶ᠋ᠡᠨ ᠬᠠᠨ ᠵᠧᠦ ᠬᠣᠲᠠ ᠶ᠋ᠢᠨ ᠴᠡᠷᠢᠭ ᠢ᠋ ᠨᠡᠬᠡᠵᠦ ᠠᠯᠠᠨ ᠬᠠᠨ ᠵᠧᠦ ᠬᠣᠲᠠ ᠶ᠋ᠢ ᠠᠪᠤᠭᠠᠳ ᠶᠸᠡᠲᠡᠢ ᠨᠡᠷᠡᠲᠦ ᠨᠢᠭᠡᠨ ᠰᠠᠢᠨ ᠡᠷ᠎ᠡ ᠯᠦ᠍ᠭᠡ ᠨᠢᠭᠡᠳᠦᠭᠡᠳ ᠴᠡᠷᠢᠭ ᠢ᠋ ᠬᠤᠷᠢᠶᠠᠵᠤ ᠮᠣᠷᠢ ᠴᠤᠭᠯᠠᠭᠤᠯᠵᠤ᠂ ᠠᠮᠤ ᠡᠪᠡᠰᠦ ᠬᠣᠷᠢᠶᠠᠨ᠂ ᠶᠡᠬᠡ ᠴᠡᠷᠢᠭ ᠵᠠᠩᠵᠤᠨ ᠶᠠᠳᠠᠩᠭᠢ ᠶ᠋ᠢ ᠲᠤᠰᠠᠯᠠᠨ ᠬᠠᠷᠭᠢᠰ ᠢ᠋ ᠰᠥᠨᠥᠭᠡᠨ ᠶᠠᠪᠤᠬᠤᠢ ᠳ᠋ᠤᠷ ᠬᠡᠳᠦᠨ ᠰᠠᠷ᠎ᠠ ᠶ᠋ᠢᠨ ᠴᠢᠯᠥᠭᠡᠨ ᠳ᠋ᠦ᠍ᠷ ᠬᠠᠭᠤᠴᠢᠨ ᠯᠢᠶᠣᠤ ᠤᠯᠤᠰ ᠤ᠋ᠨ ᠨᠡᠢᠲᠡ ᠪᠡᠷ ᠢ᠋ ᠬᠤᠷᠢᠶᠠᠵᠤ ᠤᠳᠠᠭᠰᠠᠨ ᠦᠭᠡᠢ ᠠᠷᠪᠠᠨ ᠲᠦᠮᠡᠨ ᠴᠡᠷᠢᠭ ᠲᠡᠢ ᠪᠣᠯᠪᠠ᠃ ᠲᠡᠳᠦᠢ ᠠᠷᠪᠠᠨ ᠲᠦᠮᠡᠨ ᠦ᠌ ᠨᠡᠢᠲᠡ ᠪᠡᠷ ᠵᠥᠪᠯᠡᠵᠦ ᠮᠠᠨᠳᠠᠯ ᠴᠣᠭᠴᠠᠯᠠᠵᠤ ᠶᠧ ᠯᠢᠦᠢ ᠯᠢᠦ ᠭᠧ ᠶ᠋ᠢ ᠬᠠᠭᠠᠨ ᠡᠷᠭᠦᠮᠵᠢᠯᠡᠰᠦᠭᠡᠢ ᠬᠡᠮᠡᠬᠦᠢ ᠳ᠋ᠦ᠍ᠷ ᠶᠧ ᠯᠢᠦᠢ ᠯᠢᠦ ᠭᠧ ᠥᠭᠦᠯᠡᠷᠦᠨ:《ᠲᠠᠨ ᠤ᠋ ᠣᠯᠠᠨ ᠪᠠᠰᠠ ᠦᠨᠡᠬᠡᠷ ᠢᠨᠢᠶᠡᠯᠲᠡᠢ᠂ ᠬᠡᠳᠦᠨ ᠰᠠᠷ᠎ᠠ ᠶ᠋ᠢᠨ ᠡᠮᠦᠨ᠎ᠡ ᠠᠯᠲᠠᠨ ᠤᠯᠤᠰ ᠤ᠋ᠨ ᠢᠷᠭᠡᠨ ᠳ᠋ᠦ᠍ᠷ ᠪᠣᠭᠣᠯᠴᠢᠯᠠᠨ ᠳᠠᠷᠤᠭᠳᠠᠵᠤ ᠪᠠᠢᠬᠤ ᠦᠶ᠎ᠡ ᠳ᠋ᠦ᠍ᠷ ᠬᠠᠭᠠᠨ ᠪᠣᠯᠬᠤ ᠶ᠋ᠢ ᠴᠦ᠍ ᠪᠠᠢᠲᠤᠭᠠᠢ ᠥᠪᠡᠷ ᠦ᠋ᠨ ᠲᠣᠯᠣᠭᠠᠢ ᠪᠠᠨ ᠮᠥᠨ ᠮᠡᠳᠡᠵᠦ ᠴᠢᠳᠠᠬᠤ ᠦᠭᠡᠢ ᠪᠥᠭᠡᠳ ᠡᠳᠦᠭᠡ ᠥᠰᠢᠶ᠎ᠡ ᠪᠡᠨ ᠠᠪᠴᠤ ᠬᠥᠮᠦᠨ ᠳ᠋ᠦ᠍ᠷ ᠡᠰᠡ ᠳᠠᠷᠤᠭᠳᠠᠬᠤ ᠪᠣᠯᠤᠭᠠᠳ ᠡᠳᠦᠢᠬᠡᠨ ᠬᠣᠭᠣᠷᠣᠨᠳᠣ ᠡᠨᠳᠡ ᠬᠠᠭᠠᠨ ᠰᠠᠭᠤᠬᠤᠢ ᠳ᠋ᠤᠷ ᠳᠤᠷᠠᠯᠠᠵᠤᠬᠤᠢ᠃ ᠡᠷᠲᠡ ᠰᠦᠢ ᠤᠯᠤᠰ ᠤ᠋ᠨ ᠦᠶ᠎ᠡ ᠳ᠋ᠦ᠍ᠷ ᠠᠷᠪᠠᠨ ᠨᠠᠢ᠍ᠮᠠᠨ ᠮᠣᠵᠢ ᠴᠥᠮ ᠬᠠᠭᠠᠨ ᠰᠠᠭᠤᠭᠠᠳ ᠬᠣᠢᠨ᠎ᠠ ᠨᠡᠢᠭᠡᠮᠯᠡᠭᠰᠡᠨ ᠯᠢ ᠱᠢ ᠮᠢᠨ ᠢ᠋ ᠦᠵᠡᠵᠦ ᠴᠢᠳᠠᠭᠰᠠᠨ ᠦᠭᠡᠢ ᠴᠥᠮ ᠮᠥᠬᠥᠭᠡᠳ ᠯᠢ ᠱᠢ ᠮᠢᠨ ᠬᠤᠷᠢᠶᠠᠵᠤ ᠶᠡᠬᠡ ᠳᠠᠩ ᠤᠯᠤᠰ ᠢ᠋ ᠪᠠᠢᠭᠤᠯᠪᠠ᠃ ᠬᠠᠭᠠᠨ ᠰᠠᠭᠤᠬᠤᠢ ᠳ᠋ᠤᠷ ᠪᠠᠰᠠ ᠲᠡᠭᠷᠢ ᠶ᠋ᠢᠨ ᠴᠠᠭ ᠪᠣᠢ᠂ ᠡᠳᠦᠭᠡ ᠠᠯᠲᠠᠨ ᠭᠠᠳᠠᠰᠤ ᠣᠳᠣᠨ ᠤ᠋ ᠭᠡᠷᠡᠯ ᠡᠦ ᠭᠤᠸᠠᠨ ᠤ᠋ ᠬᠣᠢᠲᠤ ᠭᠡᠷᠡᠯᠲᠦᠭᠰᠡᠭᠡᠷ ᠲᠠᠪᠢᠨ ᠣᠨ ᠪᠣᠯᠪᠠ᠃ ᠡᠳᠦᠭᠡ ᠮᠣᠩᠭᠣᠯ ᠤ᠋ᠨ ᠴᠢᠩᠭᠢᠰ ᠬᠠᠭᠠᠨ ᠬᠡᠮᠡᠭᠴᠢ ᠯᠠᠪ ᠲᠡᠷᠡ ᠣᠳᠣᠨ ᠳ᠋ᠤᠷ ᠲᠣᠬᠢᠶᠠᠯᠳᠤᠭᠰᠠᠨ ᠬᠥᠮᠦᠨ᠂ ᠲᠡᠢᠨ ᠬᠦ᠌ ᠤᠮᠠᠷ᠎ᠠ ᠭᠠᠵᠠᠷ ᠢ᠋ ᠱᠦᠭᠦᠷᠳᠡᠭᠰᠡᠨ ᠮᠡᠲᠦ ᠠᠷᠢᠯᠭᠠᠨ ᠲᠦᠪᠰᠢᠳᠬᠡᠭᠡᠳ ᠨᠢᠳᠤᠨᠤᠨ ᠵᠢᠯ ᠡᠮᠦᠨ᠎ᠡ ᠵᠦᠭ ᠬᠠᠨᠳᠤᠮᠠᠭᠴᠠ ᠠᠯᠲᠠᠨ ᠤᠯᠤᠰ ᠤ᠋ᠨ ᠬᠡᠳᠦᠢᠴᠢᠨᠡᠭᠡᠨ ᠬᠣᠲᠠ ᠪᠠᠯᠭᠠᠳ ᠵᠧᠦ ᠰᠢᠶᠠᠨ ᠢ᠋ ᠠᠪᠴᠤ ᠠᠯᠲᠠᠨ ᠤ᠋ ᠨᠡᠢᠰᠯᠡᠯ ᠳ᠋ᠦ᠍ᠷ ᠬᠦᠷᠴᠦ ᠶᠦᠩ ᠵᠢᠢ ᠠᠷᠭ᠎ᠠ ᠮᠤᠬᠤᠷᠳᠠᠨ ᠪᠢᠶᠠᠨ ᠵᠢᠩ ᠳ᠋ᠦ᠍ᠷ ᠪᠤᠷᠤᠭᠤᠯᠠᠪᠠ᠃ ᠡᠭᠦᠨ ᠢ᠋ᠶ᠋ᠡᠷ ᠳᠠᠷᠤᠢ ᠮᠡᠳᠡᠪᠡᠰᠦ ᠪᠣᠯᠬᠤ᠃ ᠨᠡᠩ ᠲᠡᠷᠡ ᠴᠢᠩᠭᠢᠰ ᠬᠠᠭᠠᠨ ᠬᠡᠷᠪᠡ ᠬᠣᠢᠲᠤ ᠭᠠᠵᠠᠷ ᠲᠠᠭᠠᠨ ᠬᠠᠭᠠᠨ ᠰᠠᠭᠤᠪᠠᠰᠤ ᠬᠡᠳᠦᠢᠨᠡᠢ ᠰᠠᠭᠤᠪᠠᠴᠤ ᠪᠣᠯᠬᠤ ᠪᠥᠭᠡᠲᠡᠯ᠎ᠡ ᠲᠡᠭᠦᠨ ᠦ᠌ ᠬᠠᠷᠢᠶᠠᠲᠤ ᠤᠯᠤᠰ ᠪᠠᠷᠠᠭᠤᠨ ᠲᠥᠪᠡᠳ᠂ ᠲᠠᠩᠭᠤᠳ᠂ ᠵᠡᠭᠦᠨ ᠰᠣᠯᠤᠩᠭᠤᠳ᠂ ᠨᠣᠬᠠᠢ ᠲᠣᠯᠣᠭᠠᠢᠲᠤ ᠤᠯᠤᠰ᠂ ᠬᠣᠢᠲᠤ ᠣᠷᠣᠰ᠂ ᠰᠠᠷᠯᠠᠭ ᠲᠤᠷ ᠲᠤᠯᠤᠭᠰᠠᠨ ᠪᠥᠭᠡᠲᠡᠯ᠎ᠡ ᠲᠡᠷᠡ ᠪᠠᠰᠠ ᠬᠠᠭᠠᠨ ᠰᠠᠭᠤᠬᠤ ᠶ᠋ᠢ ᠬᠡᠳᠦᠨ ᠵᠡᠷᠭᠡ ᠮᠠᠷᠭᠤᠵᠤ᠂ ᠬᠣᠢᠨ᠎ᠠ ᠤᠯᠤᠰ ᠤ᠋ᠨ ᠬᠣᠲᠠᠯᠠᠭᠠᠷ ᠰᠢᠬᠠᠮᠳᠠᠭᠤᠯᠬᠤᠶ᠎ᠠ ᠰᠠᠶᠢ ᠬᠠᠭᠠᠨ ᠰᠠᠭᠤᠵᠤ ᠵᠢᠷᠭᠤᠭᠠᠨ ᠳᠣᠯᠣᠭᠠᠨ ᠵᠢᠯ ᠪᠣᠯᠪᠠ᠃ ᠪᠢ ᠦᠨᠡᠬᠡᠷ ᠲᠡᠭᠦᠨ ᠳ᠋ᠦ᠍ᠷ ᠠᠳᠠᠯᠢ ᠤᠭ ᠠ᠋ᠴᠠ ᠥᠪᠡᠷ᠎ᠡ ᠨᠢᠭᠡᠨ ᠠᠩᠭᠢ ᠤᠯᠤᠰ ᠪᠠᠢᠭᠰᠠᠨ ᠪᠥᠭᠡᠰᠦ ᠬᠡᠳᠦᠢᠨᠡᠢ ᠬᠠᠭᠠᠨ ᠰᠠᠭᠤᠬᠤ ᠪᠥᠯᠥᠭᠡ᠃ ᠲᠡᠷᠡ ᠴᠢᠩᠭᠢᠰ ᠬᠠᠭᠠᠨ ᠮᠥᠨ ᠬᠣᠢᠲᠤ ᠭᠠᠵᠠᠷ ᠤ᠋ᠨ ᠬᠠᠭᠠᠨ ᠰᠠᠭᠤᠭᠰᠠᠭᠠᠷ ᠢᠷᠡᠭᠰᠡᠨ ᠪᠥᠭᠡᠲᠡᠯ᠎ᠡ ᠲᠡᠷᠡ ᠪᠠᠰᠠ ᠡᠰᠡ ᠰᠠᠭᠤᠨ ᠬᠡᠴᠢᠨᠡᠨ ᠵᠢᠯ ᠶᠠᠪᠤᠭᠰᠠᠨ ᠪᠥᠭᠡᠲᠡᠯ᠎ᠡ ᠪᠢ ᠨᠢᠭᠡᠨ ᠰᠤᠯᠠ ᠢᠷᠭᠡᠨ ᠠᠷᠭ᠎ᠠ ᠦᠭᠡᠢ ᠠᠯᠲᠠᠨ ᠤᠯᠤᠰ ᠤ᠋ᠨ ᠭᠠᠴᠢᠭ᠍ᠳᠠᠭᠤᠯᠬᠤᠢ ᠳ᠋ᠤᠷ ᠲᠡᠰᠬᠦ ᠦᠭᠡᠢ ᠳ᠋ᠡᠭᠡᠨ ᠣᠯᠠᠨ ᠤ᠋ ᠲᠤᠯᠠ ᠲᠡᠷᠢᠭᠦᠯᠡᠨ ᠤᠷᠪᠠᠵᠤ ᠨᠢᠭᠡᠬᠡᠨ ᠤᠳᠠᠭ᠎ᠠ ᠶ᠋ᠢᠨ ᠴᠡᠷᠢᠭ ᠢ᠋ ᠲᠠᠢᠯᠵᠤ᠂ ᠲᠦᠷᠢᠮᠡᠬᠡᠢ ᠬᠡᠲᠦᠷᠬᠡᠢ ᠶᠡᠬᠡ ᠨᠡᠷ᠎ᠡ ᠶ᠋ᠢ ᠡᠷᠭᠦᠵᠦ᠂ ᠥᠪᠡᠷ ᠦ᠋ᠨ ᠪᠡᠶ᠎ᠡ ᠳ᠋ᠦ᠍ᠷ ᠵᠣᠪᠠᠯᠠᠩ ᠢ᠋ ᠢᠷᠡᠭᠦᠯᠬᠦ ᠢᠨᠦ ᠪᠣᠯᠬᠤ ᠬᠡᠷᠡᠭ ᠦᠦ?  ᠭᠠᠭᠴᠠ ᠮᠣᠩᠭᠣᠯ ᠤ᠋ᠨ ᠡᠵᠡᠨ ᠴᠢᠩᠭᠢᠰ ᠬᠠᠭᠠᠨ ᠭᠤᠴᠢᠨ ᠲᠦᠮᠡᠨ ᠴᠡᠷᠢᠭᠲᠦ ᠬᠠᠭᠤᠴᠢᠨ ᠤᠯᠤᠰ ᠠᠢᠮᠠᠭ ᠢ᠋ ᠨᠢᠳᠦ ᠴᠠᠪᠴᠢᠯ ᠦᠭᠡᠢ ᠱᠦᠭᠦᠷᠳᠡᠨ ᠠᠷᠢᠯᠭᠠᠵᠤᠬᠤᠢ᠃ ᠡᠳᠦᠭᠡ ᠪᠢ ᠬᠠᠭᠠᠨ ᠰᠠᠭᠤᠪᠠᠰᠤ ᠲᠡᠭᠦᠨ ᠦ᠌ ᠴᠢᠬᠢᠨ ᠳ᠋ᠦ᠍ᠷ ᠬᠦᠷᠦᠮᠡᠭᠴᠡ ᠶᠡᠬᠡ ᠵᠣᠪᠠᠯᠠᠩ ᠬᠦᠷᠴᠦ ᠢᠷᠡᠮᠦᠢ᠃ ᠲᠡᠷᠡ ᠴᠢᠩᠭᠢᠰ ᠬᠠᠭᠠᠨ ᠠᠯᠲᠠᠨ ᠤᠯᠤᠰ ᠤ᠋ᠨ ᠶᠦᠩ ᠵᠶ᠋ᠢ ᠶ᠋ᠢ ᠤᠷᠭᠤᠳᠤᠤᠯ ᠪᠣᠯᠭᠠᠭᠰᠠᠨ ᠬᠥᠮᠦᠨ᠂ ᠮᠢᠨᠦ ᠡᠨᠡ ᠴᠢᠭᠤᠯᠭᠤᠯᠤᠭᠰᠠᠨ ᠠᠷᠪᠠᠨ ᠲᠦᠮᠡᠨ ᠲᠠᠷᠢᠶᠠᠯᠠᠩ ᠤ᠋ᠨ ᠡᠷ᠎ᠡ ᠶ᠋ᠢ ᠳᠠᠢᠯᠠᠬᠤ ᠳ᠋ᠤᠷ ᠶᠠᠮᠪᠠᠷ ᠪᠡᠷᠬᠡ ᠪᠣᠢ᠃ ᠲᠠᠨ ᠤ᠋ ᠣᠯᠠᠨ ᠪᠢᠲᠡᠭᠡᠢ ᠲᠡᠨᠡᠭ ᠬᠥᠭᠡᠷᠳᠡᠩ ᠢ᠋ᠶ᠋ᠡᠷ ᠤᠴᠢᠷ ᠦᠭᠡᠢ ᠨᠡᠷ᠎ᠡ ᠡᠷᠭᠦᠵᠦ ᠶᠡᠬᠡ ᠵᠣᠪᠠᠯᠠᠩ ᠢ᠋ ᠡᠳᠦᠭᠦᠯ᠂ ᠤᠷᠢᠳᠤ ᠬᠡᠳᠦᠨ ᠵᠢᠯ ᠪᠣᠯᠪᠠᠴᠤ ᠬᠠᠷᠢᠨ ᠪᠣᠯᠬᠤ ᠪᠥᠯᠥᠭᠡ᠂ ᠡᠳᠦᠭᠡ ᠠᠯᠲᠠᠨ ᠭᠠᠳᠠᠰᠤ ᠣᠳᠣᠨ ᠤ᠋ ᠭᠡᠷᠡᠯ ᠬᠠᠷᠠᠬᠠᠨ ᠳᠥᠷᠪᠡᠨ ᠵᠦᠭ ᠰᠠᠴᠤᠷᠠᠬᠤ ᠴᠠᠭ ᠲᠤᠷ ᠮᠣᠩᠭᠣᠯ ᠢ᠋ ᠬᠡᠷᠬᠢᠪᠡᠴᠦ ᠳᠠᠢᠯᠠᠨ ᠴᠢᠳᠠᠬᠤ ᠦᠭᠡᠢ ᠪᠣᠯᠠᠢ᠃ ᠲᠡᠷᠡ ᠮᠡᠲᠦ ᠤᠴᠢᠷ ᠦᠭᠡᠢ ᠵᠣᠪᠠᠯᠠᠩ ᠢ᠋ ᠡᠷᠢᠬᠦ ᠡᠴᠡ ᠡᠷᠲᠡ ᠡᠴᠡ ᠡᠨᠡ ᠵᠠᠪᠰᠠᠷ ᠲᠤᠷ ᠪᠠᠬᠠᠨ ᠬᠥᠷᠥᠩᠭᠡ ᠪᠠᠢᠭᠤᠯᠵᠤ᠂ ᠮᠣᠩᠭᠣᠯ ᠯᠤᠭ᠎ᠠ ᠡᠪᠰᠡᠵᠦ ᠨᠠᠢᠷᠯᠠᠨ ᠨᠢᠭᠡᠨ ᠮᠣᠵᠢ ᠶ᠋ᠢᠨ ᠲᠦᠰᠢᠮᠡᠯ ᠪᠤᠶᠤ᠂ ᠨᠢᠭᠡᠨ ᠵᠣᠪᠬᠢᠰ ᠢ᠋ ᠡᠵᠡᠯᠡᠬᠦ ᠢᠨᠤ ᠳᠡᠭᠡᠳᠦ ᠠᠷᠭ᠎ᠠ ᠪᠣᠯᠠᠢ ! 》ᠬᠡᠮᠡᠬᠦᠢ ᠳ᠋ᠦ᠍ᠷ ᠣᠯᠠᠨ ᠤ᠋ ᠦᠭᠡ ᠬᠠᠭᠠᠭᠳᠠᠵᠤ ᠠᠷᠭ᠎ᠠ ᠦᠭᠡᠢ ᠬᠠᠭᠠᠨ ᠡᠷᠭᠦᠬᠦ ᠪᠡᠨ ᠪᠠᠢᠵᠤ᠂ ᠶᠡᠬᠡ ᠶᠤᠸᠠᠨᠱᠤᠸᠠᠢ ᠡᠷᠭᠦᠵᠦ᠂ ᠶᠧᠠᠳᠠᠢ ᠶ᠋ᠢ ᠳᠡᠳ᠋ ᠵᠠᠩᠵᠤᠨ ᠪᠣᠯᠭᠠᠨ ᠡᠷᠭᠦᠭᠰᠡᠨ ᠳ᠋ᠦ᠍ᠷ ᠶᠧ ᠯᠢᠦᠢ ᠯᠢᠦ ᠭᠧ ᠠᠷᠭ᠎ᠠ ᠦᠭᠡᠢ ᠶᠤᠸᠠᠨᠱᠤᠸᠠᠢ ᠶ᠋ᠢᠨ ᠨᠡᠷ᠎ᠡ ᠶ᠋ᠢ ᠬᠦᠯᠢᠶᠡᠪᠡ᠃ ᠡᠨᠡ ᠵᠢᠯ ᠦ᠋ᠨ ᠲᠠᠪᠤᠨ ᠰᠠᠷ᠎ᠠ ᠳ᠋ᠤᠷ ᠠᠯᠲᠠᠨ ᠤᠯᠤᠰ ᠤ᠋ᠨ ᠬᠠᠷᠢᠶᠠᠲᠤ ᠾᠧ ᠳ᠋ᠦᠩ᠂ ᠱᠠᠨ ᠰᠢ ᠬᠣᠶᠠᠷ ᠮᠣᠵᠢ ᠶᠡᠬᠡᠯ᠎ᠡ ᠥᠯᠥᠰᠬᠦᠯᠡᠩ ᠪᠣᠯᠵᠤ᠂ ᠨᠢᠭᠡᠨ ᠳ᠋ᠧᠦ ᠠᠮᠤ ᠬᠡᠳᠦ ᠬᠡᠳᠦᠨ ᠮᠢᠩᠭ᠎ᠠ ᠬᠦᠷᠴᠦ ᠥᠯᠪᠡᠷᠦᠭᠰᠡᠨ ᠢᠷᠭᠡᠨ ᠭᠠᠵᠠᠷ ᠪᠦᠷᠢ ᠳ᠋ᠦ᠍ᠷ ᠲᠠᠷᠬᠠᠯᠴᠠᠬᠠᠤᠢ ᠳ᠋ᠤᠷ ᠶᠧ ᠯᠢᠦᠢ ᠯᠢᠦ ᠭᠧ ᠶ᠋ᠢᠨ ᠳᠣᠣᠷ᠎ᠠ ᠮᠥᠨ ᠬᠡᠳᠦᠨ ᠮᠢᠩᠭᠠᠨ ᠬᠥᠮᠦᠨ ᠰᠢᠷᠭᠤᠨ ᠣᠷᠣᠵᠤᠬᠤᠢ᠂ ᠡᠳᠦᠭᠡ ᠠᠷᠪᠠᠨ ᠬᠡᠳᠦᠨ ᠤᠯᠤᠰ ᠢ᠋ ᠣᠷᠣᠭᠤᠯᠤᠨ ᠠᠪᠴᠤ ᠴᠡᠷᠢᠭ ᠦ᠋ᠨ ᠵᠠᠰᠠᠭ ᠴᠠᠭᠠᠵᠠ ᠶ᠋ᠢ ᠲᠡᠭᠰᠢᠳᠬᠡᠵᠦ᠂ ᠯᠢᠶᠣᠤ ᠳ᠋ᠦᠩ ᠦ᠋ᠨ ᠭᠠᠵᠠᠷ ᠤ᠋ᠨ ᠪᠠᠶᠠᠨ ᠶᠠᠳᠠᠩᠭᠢ ᠶ᠋ᠢ ᠲᠡᠭᠰᠢᠳᠬᠡᠨ ᠶᠠᠪᠤᠬᠤᠢ ᠳ᠋ᠤᠷ ᠠᠷᠪᠠᠨ ᠲᠦᠮᠡᠨ ᠢᠯᠡᠭᠦᠦ ᠴᠡᠷᠢᠭ ᠵᠠᠭᠤᠨ ᠭᠠᠵᠠᠷ ᠢᠯᠡᠭᠦᠦ ᠤᠷᠲᠤ ᠶᠠᠪᠤᠵᠤ ᠬᠦᠷᠢᠶᠡᠯᠡᠨ ᠪᠠᠭᠤᠬᠤᠢ ᠳ᠋ᠤᠷ ᠰᠦᠷ ᠵᠢᠪᠬᠤᠯᠠᠩ ᠨᠡᠷ᠎ᠡ ᠠᠯᠳᠠᠷ ᠯᠢᠶᠣᠤ ᠳ᠋ᠦᠩ ᠦ᠋ᠨ ᠭᠠᠵᠠᠷ᠎ᠠ ᠶᠡᠬᠡᠯ᠎ᠡ ᠠᠯᠳᠠᠷᠰᠢᠪᠠᠢ᠃ ᠡᠨᠡ ᠮᠡᠳᠡᠭᠡ ᠶ᠋ᠢ ᠪᠤᠭᠤᠷᠵᠢ ᠰᠣᠨᠣᠰᠴᠤ ᠶᠠᠭᠠᠷᠠᠨ ᠬᠠᠭᠠᠨ ᠤ᠋ ᠬᠣᠢᠨ᠎ᠠ ᠠ᠋ᠴᠠ ᠠᠢᠯᠠᠳᠬᠠᠨ ᠢᠯᠡᠭᠡᠭᠰᠡᠨ ᠳ᠋ᠦ᠍ᠷ ᠬᠠᠭᠠᠨ ᠬᠣᠩᠭᠢᠷᠠᠳ ᠤ᠋ᠨ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ ᠬᠣᠶᠠᠷ ᠳᠡᠭᠡᠳᠦ ᠲᠠᠢᠹᠦ᠋ ᠲᠦᠰᠢᠮᠡᠯ᠂ ᠳᠣᠣᠷ᠎ᠠ ᠠᠨᠤ ᠬᠤᠳᠠᠭᠠᠨ᠎ᠠ ᠪᠡᠬᠢ ᠶ᠋ᠢᠨ ᠬᠣᠶᠠᠷ ᠬᠥᠪᠡᠭᠦᠨ ᠬᠦᠳᠡᠷ ᠪᠦᠰᠡ᠂ ᠬᠦᠷᠡᠯ ᠪᠦᠰᠡ᠂ ᠵᠢᠴᠢ ᠬᠤᠷᠴᠠ ᠪᠠᠢᠷᠢ ᠶ᠋ᠢᠨ ᠬᠣᠶᠠᠷ ᠬᠥᠪᠡᠭᠦᠨ ᠪᠤᠭᠤᠲᠤ ᠬᠤᠸᠠ᠂ ᠠᠯᠠᠭ ᠲᠤᠭᠤᠯ᠂ ᠡᠨᠡ ᠳᠥᠷᠪᠡᠨ ᠵᠠᠩᠵᠤᠨ ᠢ᠋ ᠳᠥᠷᠪᠡᠨ ᠲᠦᠮᠡᠨ ᠰᠢᠯᠭᠠᠳᠠᠭ ᠴᠡᠷᠢᠭ ᠢ᠋ ᠵᠠᠬᠢᠷᠤᠭᠤᠯᠵᠤ᠂ ᠯᠢᠶᠣᠤ ᠳ᠋ᠦᠩ ᠦ᠋ᠨ ᠭᠠᠵᠠᠷ ᠶᠧ ᠯᠢᠦᠢ ᠯᠢᠦ ᠬᠧ ᠶ᠋ᠢ ᠳᠠᠢᠯᠠᠷ᠎ᠠ ᠢᠯᠡᠭᠡᠭᠰᠡᠨ ᠳ᠋ᠦ᠍ᠷ ᠠᠵᠢᠨᠠᠢ ᠬᠤᠳᠠᠷᠭ᠎ᠠ ᠬᠣᠶᠠᠷ ᠲᠠᠢᠹᠦ᠋ ᠶᠡᠬᠡ ᠴᠡᠷᠢᠭ ᠢ᠋ ᠠᠪᠴᠤ ᠯᠢᠶᠣᠤ ᠳ᠋ᠦᠩ ᠦ᠋ᠨ ᠭᠠᠵᠠᠷ ᠬᠦᠷᠴᠦ ᠠᠵᠢᠨᠠᠢ ᠮᠡᠷᠭᠡᠨ ᠣᠯᠠᠨ ᠴᠡᠷᠢᠭ ᠲᠦ᠍ᠷ ᠵᠠᠷᠯᠠᠨ ᠥᠭᠦᠯᠡᠷᠦᠨ :《ᠶᠧ ᠯᠢᠦᠢ ᠯᠢᠦ ᠬᠧ ᠬᠡᠮᠡᠭᠴᠢ ᠠᠯᠲᠠᠨ ᠤᠯᠤᠰ ᠲᠤᠷ ᠭᠠᠴᠢᠭᠳᠠᠵᠤ ᠤᠷᠪᠠᠭᠰᠠᠨ ᠬᠥᠮᠦᠨ᠂ ᠮᠠᠨ ᠳ᠋ᠤᠷ ᠬᠣᠷᠣᠰᠤᠯ ᠦᠭᠡᠢ ᠲᠤᠯᠠ ᠪᠢᠳᠡᠨ ᠦ᠌ ᠨᠡᠢᠲᠡ ᠪᠡᠷ ᠲᠡᠭᠦᠨ ᠢ᠋ ᠳᠠᠢᠯᠠᠷ᠎ᠠ ᠢᠷᠡᠪᠡ ᠬᠡᠮᠡᠬᠦ ᠦᠭᠡ ᠶ᠋ᠢ ᠰᠢᠲᠦᠨ ᠦ ᠵᠠᠪᠰᠠᠷ ᠢ᠋ᠶ᠋ᠠᠷ ᠭᠠᠷᠭᠠᠵᠤ ᠪᠣᠯᠬᠤ ᠦᠭᠡᠢ᠃ ᠭᠠᠭᠴᠠ ᠵᠦᠷᠴᠢᠨ① ᠤᠯᠤᠰ ᠢ᠋ ᠳᠠᠢᠯᠠᠷ᠎ᠠ ᠢᠷᠡᠬᠦ ᠳ᠋ᠦ᠍ᠷ ᠬᠡᠳᠦᠨ ᠵᠠᠮ ᠢ᠋ᠶ᠋ᠠᠷ ᠣᠷᠣᠬᠤ ᠲᠤᠯᠠ ᠲᠠᠭᠠᠷᠢᠬᠤᠢ ᠳ᠋ᠤᠷ ᠢ᠋ᠶ᠋ᠠᠨ ᠯᠢᠶᠣᠤ ᠳ᠋ᠦᠩ ᠦ᠋ᠨ ᠭᠠᠵᠠᠷ ᠢ᠋ᠶ᠋ᠠᠷ ᠥᠩᠭᠡᠷᠡᠮᠦᠢ ᠭᠡᠮᠡᠨ ᠠᠯᠳᠠᠷᠰᠢᠭᠤᠯ᠃ ᠲᠡᠷᠡ ᠬᠡᠷᠪᠡ ᠰᠢᠲᠦᠨ ᠳᠠᠭᠠᠪᠠᠰᠤ ᠯᠢᠶᠣᠤ ᠳ᠋ᠦᠩ ᠢ᠋ ᠲᠡᠢᠨ ᠳᠡᠭᠲᠡᠭᠡᠯ ᠦᠭᠡᠢ ᠲᠣᠭᠲᠠᠭᠠᠪᠠᠰᠤ ᠪᠣᠯᠤᠮᠤᠢ 》ᠬᠡᠮᠡᠪᠡ᠃ 

– – – – 
①  ᠵᠦᠷᠴᠢᠨ ᠬᠡᠮᠡᠭᠴᠢ ᠠᠯᠲᠠᠨ ᠤᠯᠤᠰ ᠤ᠋ᠨ ᠬᠠᠭᠤᠴᠢᠨ ᠨᠡᠷ᠎ᠡ ᠪᠤᠶᠤ ᠂ ᠦᠵᠡᠬᠦ ᠮᠡᠷᠭᠡᠳ ᠪᠠᠭ᠍ᠰᠢ ᠲᠥᠬᠥᠭᠡᠷᠡᠭᠡᠷᠡᠢ᠃

       ᠲᠡᠳᠦᠢ ᠡᠮᠦᠨ᠎ᠡ ᠬᠣᠰᠢᠭᠤᠴᠢ ᠬᠦᠳᠡᠷ ᠪᠦᠰᠡ ᠯᠢᠶᠣᠤ ᠳ᠋ᠦᠩ ᠦ᠋ᠨ ᠶᠧ ᠯᠢᠦᠢ ᠯᠢᠦ ᠬᠧ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ : 《ᠮᠠᠨ ᠤ᠋ ᠴᠡᠷᠢᠭ ᠵᠡᠭᠦᠨ ᠵᠠᠮ ᠢ᠋ᠶ᠋ᠠᠷ ᠠᠯᠲᠠᠨ ᠤᠯᠤᠰ ᠢ᠋ ᠳᠠᠢᠯᠠᠷ᠎ᠠ ᠣᠷᠣᠮᠤᠢ᠂ ᠠᠵᠢᠨᠠᠢ ᠲᠠᠢᠹᠦ᠋ ᠶ᠋ᠢᠨ ᠴᠡᠷᠢᠭ ᠡᠨᠳᠡ ᠬᠦᠷᠴᠦ ᠢᠷᠠᠪᠠᠰᠤ ᠨᠢᠭᠡᠨ ᠠᠩᠭᠢ ᠴᠡᠷᠢᠭ ᠪᠣᠢ ᠲᠤᠯᠠ ᠤᠴᠢᠷ ᠢ᠋ ᠠᠰᠠᠭᠤᠷ᠎ᠠ ᠢᠷᠡᠪᠡ᠃ 》ᠬᠡᠮᠡᠭᠰᠡᠨ ᠳ᠋ᠦ᠍ᠷ᠂ ᠶᠧ ᠯᠢᠦᠢ ᠯᠢᠦ ᠬᠧ ᠶᠠᠭᠠᠷᠠᠨ ᠤᠭᠲᠤᠨ ᠬᠦᠨᠳᠦᠯᠡᠵᠦ ᠬᠤᠷᠢᠮ ᠪᠠᠷᠢᠨ ᠬᠤᠷᠢᠮᠯᠠᠨ ᠪᠠᠭᠤᠳᠠᠯᠠᠭᠤᠯᠵᠤ᠂ ᠡᠮᠦᠨ᠎ᠡ ᠡᠴᠡ ᠪᠡᠨ ᠦᠶᠡᠯᠢᠳ ᠬᠥᠪᠡᠭᠦᠨ ᠨᠠᠨ ᠡᠦ ᠶ᠋ᠢ ᠮᠣᠩᠭᠣᠯ ᠤ᠋ᠨ ᠲᠠᠢᠹᠦ᠋ ᠲᠦᠰᠢᠮᠡᠯ ᠠᠵᠢᠨᠠᠢ ᠶᠤᠸᠠᠨᠱᠤᠸᠠᠢ ᠶ᠋ᠢ ᠤᠭᠲᠤᠭᠤᠯᠤᠷ᠎ᠠ ᠢᠯᠡᠭᠡᠭᠡᠳ ᠣᠯᠠᠨ ᠵᠠᠩᠵᠤᠨ ᠴᠡᠷᠢᠭ ᠦ᠋ᠨ ᠵᠦᠭ ᠥᠭᠦᠯᠡᠷᠦᠨ : 《ᠶᠠᠮᠪᠠᠷ ᠪᠣᠢ᠂ ᠮᠢᠨᠦ ᠬᠡᠯᠡᠭᠰᠡᠨ ᠡᠴᠡ ᠭᠠᠷᠪᠠ ᠤᠤ ?  ᠮᠤᠩᠳᠠᠰᠢ ᠪᠢ ᠬᠠᠭᠠᠨ ᠡᠰᠡ ᠰᠠᠭᠤᠪᠠ᠃ ᠬᠡᠷᠪᠡ ᠬᠠᠭᠠᠨ ᠰᠠᠭᠤᠭᠰᠠᠨ ᠪᠥᠭᠡᠰᠦ ᠡᠨᠡ ᠤᠳᠠᠭ᠎ᠠ ᠣᠳᠣ ᠬᠠᠮᠢᠭᠠᠰᠢ ᠳᠤᠲᠠᠭᠠᠮᠤᠢ ? 》ᠬᠡᠮᠡᠬᠦᠢ ᠳ᠋ᠦ᠍ᠷ ᠳᠣᠣᠷᠠᠬᠢ ᠣᠯᠠᠨ ᠵᠠᠩᠵᠤᠨ ᠴᠡᠷᠢᠭ ᠢᠨᠦ ᠥᠭᠦᠯᠡᠷᠦᠨ :《ᠦᠨᠡᠬᠡᠷ ᠬᠠᠭᠠᠨ ᠰᠠᠭᠤᠭᠰᠠᠨ ᠪᠣᠯᠪᠠᠰᠤ ᠲᠡᠭᠦᠨ ᠳ᠋ᠦ᠍ᠷ ᠦᠨᠡᠬᠡᠷ ᠳᠡᠢᠯᠦᠭᠳᠡᠮᠦᠢ ᠬᠡᠮᠡᠮᠦᠶᠦ ? 》ᠶᠧ ᠯᠢᠦᠢ ᠯᠢᠦ ᠬᠧ ᠶᠡᠬᠡᠯ᠎ᠡ ᠢᠨᠢᠶᠡᠨ ᠥᠭᠦᠯᠡᠷᠦᠨ :《ᠶᠠᠭᠤᠲᠠᠢ ᠪᠡᠷᠬᠡ ᠶᠠᠭᠤᠲᠠᠢ ᠪᠡᠷᠬᠡ ! ᠮᠠᠨ ᠤ᠋ ᠴᠡᠷᠢᠭ ᠬᠡᠮᠡᠭᠴᠢ ᠣᠯᠠᠨ ᠲᠣᠭ᠎ᠠ ᠬᠣᠭᠣᠰᠣᠨ ᠨᠡᠷ᠎ᠡ ᠪᠡᠷ ᠬᠥᠮᠦᠨ ᠦᠭᠡᠢ ᠭᠠᠵᠠᠷ ᠶᠠᠪᠤᠬᠤᠢ ᠳ᠋ᠤᠷ ᠲᠠᠨ ᠤ᠋ ᠰᠡᠳᠬᠢᠯ ᠣᠮᠣᠭᠲᠠᠢ ᠪᠣᠯᠪᠠᠢ᠃ᠮᠣᠩᠭᠣᠯ ᠤ᠋ᠨ ᠴᠡᠷᠢᠭ ᠬᠡᠮᠡᠭᠴᠢ ᠡᠨᠡ ᠭᠤᠴᠢᠨ ᠣᠨ ᠤ᠋ ᠳᠣᠲᠣᠷ᠎ᠠ ᠳᠤᠮᠳᠠᠳᠤ ᠤᠯᠤᠰ ᠤ᠋ᠨ ᠴᠡᠷᠢᠭ ᠡᠴᠡ ᠠᠷᠪᠠᠨ ᠬᠤᠪᠢ ᠪᠣᠯᠪᠠᠰᠤᠨ ᠪᠣᠯᠤᠭᠰᠠᠨ ᠲᠤᠯᠠ ᠬᠣᠷᠢᠨ ᠲᠦᠮᠡᠨ ᠢ᠋ᠶ᠋ᠡᠷ ᠠᠯᠲᠠᠨ ᠤᠯᠤᠰ ᠤ᠋ᠨ ᠳᠥᠴᠢ ᠲᠠᠪᠢᠨ ᠲᠦᠮᠡᠨ ᠴᠡᠷᠢᠭ ᠢ᠋ ᠡᠪᠡᠰᠦ ᠬᠠᠳᠤᠬᠤ ᠮᠡᠲᠦ ᠠᠯᠠᠬᠤ ᠪᠣᠯᠠᠢ᠃ ᠡᠳᠦᠭᠡ ᠲᠠ ᠡᠰᠡ ᠢᠲᠡᠭᠡᠪᠡᠰᠦ ᠮᠣᠩᠭᠣᠯ ᠴᠡᠷᠢᠭ ᠢᠷᠡᠭᠰᠡᠨ ᠬᠣᠢᠨ᠎ᠠ ᠪᠢ ᠲᠠᠨ ᠳ᠋ᠤᠷ ᠲᠡᠳᠡᠨ ᠦ᠌ ᠴᠢᠳᠠᠯ ᠢ᠋ ᠦᠵᠡᠭᠦᠯᠰᠦᠭᠡᠢ 》ᠬᠡᠮᠡᠪᠡ᠃ ᠤᠳᠠᠭᠰᠠᠨ ᠦᠭᠡᠢ ᠮᠣᠩᠭᠣᠯ ᠤ᠋ᠨ ᠴᠡᠷᠢᠭ ᠣᠢᠷ᠎ᠠ ᠬᠦᠷᠴᠦ ᠢᠷᠡᠬᠦᠢ ᠳ᠋ᠦ᠍ᠷ ᠶᠧ ᠯᠢᠦᠢ ᠯᠢᠦ ᠬᠧ ᠪᠡᠶ᠎ᠡ ᠪᠡᠷ ᠭᠠᠷᠴᠤ ᠠᠵᠢᠨᠠᠢ ᠶᠤᠸᠠᠨᠱᠤᠸᠠᠢ ᠶ᠋ᠢ ᠤᠭᠲᠤᠨ ᠮᠣᠷᠢᠨ ᠠ᠋ᠴᠠ ᠪᠠᠭᠤᠵᠤ ᠭᠠᠷ ᠪᠠᠷᠢᠯ ᠵᠣᠯᠭᠠᠯᠳᠤᠵᠤ᠂ ᠶᠡᠬᠡ ᠴᠠᠴᠠᠷ ᠲᠤᠷ ᠬᠤᠷᠢᠮᠯᠠᠬᠤᠢ ᠳ᠋ᠤᠷ ᠶᠧ ᠯᠢᠦᠢ ᠯᠢᠦ ᠬᠧ ᠶ᠋ᠢᠨ ᠴᠡᠷᠢᠭ ᠮᠣᠩᠭᠣᠯ ᠤ᠋ᠨ ᠴᠡᠷᠢᠭ ᠢ᠋ ᠦᠵᠡᠪᠡᠰᠦ᠂ ᠬᠥᠮᠦᠨ ᠢᠨᠦ ᠴᠥᠮ ᠬᠤᠪᠢᠯᠭᠠᠨ ᠰᠠᠬᠢᠭᠤᠯᠰᠤᠨ ᠮᠡᠲᠦ᠂ ᠲᠣᠯᠣᠭᠠᠢ ᠶᠡᠬᠡ᠂ ᠪᠡᠶ᠎ᠡ ᠥᠨᠳᠥᠷ᠂ ᠳᠠᠭᠤᠨ ᠴᠢᠩᠭ᠎ᠠ᠂ ᠪᠠᠢᠳᠠᠯ ᠰᠦᠷᠲᠡᠢ᠂ ᠨᠡᠩ ᠬᠤᠶᠠᠭ ᠳᠤᠭᠤᠯᠠᠭ᠎ᠠ ᠴᠠᠬᠢᠯᠠᠮ᠎ᠠ ᠰᠢᠨ᠎ᠡ᠂ ᠮᠣᠷᠢ ᠡᠮᠡᠭᠡᠯ ᠲᠠᠷᠭᠤᠨ ᠥᠩᠭᠡᠲᠡᠢ᠂ ᠴᠡᠷᠢᠭ ᠦ᠋ᠨ ᠵᠢᠰᠦ ᠬᠦᠳᠡᠷ ᠬᠤᠷᠴᠠ᠂ ᠠᠩᠭᠢ ᠲᠡᠭᠰᠢ ᠢᠯᠭᠠᠪᠤᠷᠢᠲᠠᠢ᠂ ᠵᠠᠷᠯᠠᠯ ᠲᠡᠮᠳᠡᠭ ᠭᠡᠭᠡᠬᠡᠨ ᠲᠣᠳᠣᠷᠬᠠᠢ᠂ ᠨᠡᠩ ᠬᠠᠲᠠᠭᠤ ᠨᠤᠮᠤ᠂ ᠶᠡᠬᠡ ᠰᠦᠬᠡ ᠦᠨᠡᠬᠡᠷ ᠣᠯᠠᠨ ᠠ᠋ᠴᠠ ᠣᠨᠴᠠᠭᠠᠢ ᠨᠡᠢᠲᠡ ᠡᠴᠡ ᠴᠣᠯᠭᠣᠷᠠᠵᠤᠬᠤᠢ᠃ ᠶᠧ ᠯᠢᠦᠢ ᠯᠢᠦ ᠬᠧ ᠶ᠋ᠢᠨ ᠵᠠᠩᠵᠤᠨ ᠴᠡᠷᠢᠭ ᠦᠵᠡᠭᠡᠳ ᠳᠣᠲᠣᠷ᠎ᠠ ᠪᠠᠨ ᠰᠡᠮᠡᠬᠡᠷ ᠠᠶᠤᠯᠳᠤᠪᠠᠢ᠃ ᠲᠤᠭ ᠬᠢᠭᠢᠷᠢ ᠶ᠋ᠢᠨ ᠥᠩᠭᠡ ᠭᠡᠷᠡᠯ ᠥᠴᠦᠬᠡᠨ ᠴᠦ᠍ ᠪᠠᠭᠤᠷᠠᠬᠤ ᠦᠭᠡᠢ᠂ ᠲᠣᠷᠭ᠎ᠠ ᠲᠥᠷᠭᠡ ᠶ᠋ᠢ ᠵᠠᠷᠤᠬᠤᠢ ᠠᠨᠤ ᠴᠠᠭᠠᠰᠤ ᠪᠥᠰ ᠮᠡᠲᠦ᠃ 
       ᠲᠡᠳᠦᠢ ᠶᠧ ᠯᠢᠦᠢ ᠯᠢᠦ ᠬᠧ ᠶᠡᠬᠡ ᠴᠠᠴᠠᠷ ᠲᠤᠷ ᠶᠡᠬᠡ ᠬᠤᠷᠢᠮ ᠪᠡᠯᠡᠳᠬᠡᠨ ᠬᠥᠭᠵᠢᠮ ᠡᠭᠦᠰᠬᠡᠵᠦ ᠠᠵᠢᠨᠠᠢ ᠶᠤᠸᠠᠨᠱᠤᠸᠠᠢ ᠶ᠋ᠢ ᠬᠤᠷᠢᠮᠯᠠᠬᠤᠢ ᠳ᠋ᠤᠷ ᠠᠵᠢᠨᠠᠢ ᠮᠡᠷᠭᠡᠨ ᠥᠴᠦᠬᠡᠨ ᠴᠦ᠍ ᠮᠠᠷᠭᠤᠨ ᠰᠡᠵᠢᠭᠯᠡᠬᠦ ᠳᠦᠷᠢᠮ ᠦᠭᠡᠢ ᠳ᠋ᠦ᠍ᠷ ᠶᠧ ᠯᠢᠦᠢ ᠯᠢᠦ ᠬᠧ ᠲᠡᠭᠦᠨ ᠦ᠌ ᠮᠡᠷᠭᠡᠨ ᠢ᠋ ᠮᠡᠳᠡᠭᠡᠳ ᠠᠶᠤᠮᠰᠢᠭ᠋ ᠦᠭᠡᠢ ᠬᠥᠩᠭᠡᠯᠡᠬᠦ ᠦᠭᠡᠢ᠃ ᠲᠡᠳᠦᠢ ᠠᠵᠢᠨᠠᠢ ᠮᠡᠷᠭᠡᠨ ᠠᠷᠢᠬᠢ ᠤᠤᠭᠤᠵᠤ ᠶᠧ ᠯᠢᠦᠢ ᠯᠢᠦ ᠬᠧ ᠶ᠋ᠢᠨ ᠤᠴᠢᠷ ᠢ᠋ ᠠᠰᠠᠭᠤᠭᠰᠠᠨ ᠳ᠋ᠤᠷ ᠶᠧ ᠯᠢᠦᠢ ᠯᠢᠦ ᠬᠧ ᠥᠴᠢᠷᠦᠨ : 《ᠥᠴᠦᠬᠡᠨ ᠴᠡᠷᠢᠭ ᠦ᠋ᠨ ᠡᠵᠡᠨ ᠪᠢ ᠤᠭ ᠲᠤᠷ ᠠᠯᠲᠠᠨ ᠤᠯᠤᠰ ᠤ᠋ᠨ ᠴᠡᠷᠢᠭ ᠦ᠋ᠨ ᠬᠥᠮᠦᠨ ᠪᠥᠯᠥᠭᠡ᠃ ᠠᠯᠲᠠᠨ ᠤᠯᠤᠰ ᠬᠡᠲᠦᠷᠬᠡᠢ ᠬᠠᠷᠠᠩᠭᠤᠢ ᠬᠠᠷᠭᠢᠰ᠂ ᠮᠠᠨ ᠤ᠋ ᠣᠯᠠᠨ ᠢ᠋ ᠬᠡᠲᠦᠷᠬᠡᠶ᠎ᠡ ᠭᠠᠴᠢᠭᠳᠠᠭᠤᠯᠬᠤᠢ ᠳ᠋ᠤᠷ ᠶᠡᠬᠡ ᠤᠯᠤᠰ ᠠ᠋ᠴᠠ ᠴᠡᠷᠢᠭ ᠭᠣᠶᠣᠰᠤᠭᠠᠢ ᠭᠡᠮᠡᠨ ᠰᠠᠨᠠᠭᠰᠠᠨ ᠪᠣᠯᠪᠠᠴᠤ ᠵᠠᠮ ᠬᠣᠯᠠ ᠤᠯᠤᠰ ᠲᠠᠰᠤᠯᠤᠭᠳᠠᠭᠰᠠᠨ ᠲᠤᠯᠠ ᠠᠷᠭ᠎ᠠ ᠦᠭᠡᠢ ᠭᠠᠴᠢᠭᠳᠠᠭᠰᠠᠨ ᠲᠠᠷᠢᠶᠠᠨ ᠤ᠋ ᠢᠷᠭᠡᠳ ᠨᠢᠭᠡᠨᠲᠡ ᠬᠥᠷᠥᠩᠭᠡ ᠪᠡᠨ ᠠᠯᠳᠠᠵᠤ ᠠᠮᠢᠳᠤᠷᠠᠯ ᠦᠭᠡᠢ ᠪᠣᠯᠤᠭᠰᠠᠨ ᠲᠤᠯᠠ ᠣᠯᠠᠨ ᠢ᠋ ᠬᠣᠷᠢᠶᠠᠨ ᠨᠢᠭᠡᠨ ᠠᠩᠭᠢ ᠴᠡᠷᠢᠭ ᠡᠯᠰᠡᠨ᠂ ᠠᠯᠲᠠᠨ ᠤᠯᠤᠰ ᠢ᠋ ᠨᠢᠭᠡᠨ ᠤᠳᠠᠭ᠎ᠠ ᠲᠠᠢᠯᠵᠤ᠂ ᠡᠳᠦᠭᠡ ᠯᠠᠪ ᠪᠠᠰᠠ ᠠᠯᠲᠠᠨ ᠤᠯᠤᠰ ᠢ᠋ ᠳᠠᠢᠯᠠᠷ᠎ᠠ ᠢᠷᠡᠬᠦ ᠶ᠋ᠢᠨ ᠣᠴᠢᠷ᠎ᠠ᠂ ᠪᠠᠰᠠ ᠬᠦ᠌ ᠶᠡᠬᠡ ᠲᠡᠭᠷᠢ ᠶ᠋ᠢᠨ ᠤᠯᠤᠰ ᠲᠤᠷ ᠡᠴᠢᠰᠦᠭᠡᠢ ᠭᠡᠮᠡᠨ ᠶᠠᠪᠤᠬᠤ ᠶ᠋ᠢᠨ ᠵᠠᠪᠰᠠᠷ᠎ᠠ᠂ ᠮᠣᠷᠢ ᠲᠤᠷᠠᠵᠤ ᠵᠠᠮ ᠪᠠᠰᠠ ᠲᠠᠰᠤᠯᠤᠭᠳᠠᠭᠰᠠᠨ ᠲᠤᠯᠠ ᠬᠦᠷᠴᠦ ᠴᠢᠳᠠᠭᠠᠳᠤᠢ᠂ ᠵᠠᠪᠰᠢᠶᠠᠨ᠎ᠠ ᠬᠠᠷᠢᠨ ᠲᠡᠭᠷᠢ ᠥᠷᠥᠰᠢᠶᠡᠵᠦ᠂ ᠲᠡᠭᠷᠢ ᠶ᠋ᠢᠨ ᠵᠠᠩᠵᠤᠨ ᠴᠡᠷᠢᠭ ᠦ᠋ᠨ ᠥᠩᠭᠡᠷᠡᠨ ᠭᠠᠷᠬᠤᠢ ᠳ᠋ᠤᠷ ᠵᠣᠯᠭᠠᠪᠠ᠃ ᠡᠨᠡ ᠳᠠᠷᠤᠢ ᠲᠡᠭᠷᠢ ᠶ᠋ᠢᠨ ᠰᠠᠨᠠᠭᠠᠨ ᠪᠣᠯᠠᠢ !》ᠬᠡᠮᠡᠭᠰᠡᠨ ᠳ᠋ᠦ᠍ᠷ ᠠᠵᠢᠨᠠᠢ ᠶᠤᠸᠠᠨᠱᠤᠸᠠᠢ ᠥᠭᠦᠯᠡᠷᠦᠨ :《ᠦᠨᠡᠬᠡᠷ ᠲᠡᠭᠷᠢ ᠶ᠋ᠢᠨ ᠰᠠᠨᠠᠭᠠᠨ ᠢ᠋ ᠳᠠᠭᠠᠪᠠᠰᠤ ᠪᠣᠯᠤᠮᠤᠢ᠃ ᠪᠢ ᠬᠠᠭᠠᠨ ᠤ᠋ ᠵᠠᠷᠯᠢᠭ ᠢ᠋ᠶ᠋ᠠᠷ ᠡᠳᠦᠭᠡ ᠠᠯᠲᠠᠨ ᠤᠯᠤᠰ ᠢ᠋ ᠳᠠᠢᠯᠠᠷ᠎ᠠ ᠡᠴᠢᠬᠦᠢ ᠳ᠋ᠦ᠍ᠷ ᠵᠠᠮ ᠳ᠋ᠤᠷ ᠬᠠᠷᠠᠬᠠᠨ ᠶᠡᠬᠡ ᠵᠠᠩᠵᠤᠨ ᠴᠢᠮ᠎ᠠ ᠳ᠋ᠤᠷ ᠤᠴᠠᠷᠠᠭᠰᠠᠨ ᠠᠨᠤ ᠦᠨᠡᠬᠡᠷ ᠲᠡᠭᠷᠢ ᠤᠴᠠᠷᠠᠭᠤᠯᠵᠤᠬᠤᠢ᠃ ᠭᠠᠭᠴᠠ ᠡᠷᠲᠡᠨ ᠦ᠌ ᠦᠭᠡ ᠳ᠋ᠦ᠍ᠷ《ᠦᠨᠡᠨ ᠬᠥᠮᠦᠨ ᠳ᠋ᠦ᠍ᠷ ᠬᠠᠭᠤᠷᠮᠠᠭ ᠦᠭᠡ ᠦᠭᠡᠢ 》ᠬᠡᠮᠡᠵᠦᠬᠦᠢ᠃ ᠡᠷᠭᠢᠨ ᠵᠠᠩᠵᠤᠨ ᠬᠡᠷᠪᠡ ᠮᠠᠨ ᠤ᠋ ᠤᠯᠤᠰ ᠯᠤᠭ᠎ᠠ ᠨᠡᠢᠯᠡᠰᠦᠭᠡᠢ ᠬᠡᠮᠡᠬᠦᠯ᠎ᠡ᠂ ᠪᠢᠳᠡᠨ ᠦ᠌ ᠬᠣᠶᠠᠷ ᠤᠯᠤᠰ ᠪᠠᠲᠤ ᠢᠲᠡᠭᠡᠮᠵᠢ ᠲᠡᠢ ᠪᠣᠯᠪᠠᠰᠤ ᠪᠣᠯᠤᠮᠤᠢ ! 》ᠬᠡᠮᠡᠭᠰᠡᠨ ᠳ᠋ᠦ᠍ᠷ ᠶᠧ ᠯᠢᠦᠢ ᠯᠢᠦ ᠬᠧ ᠶᠡᠬᠡᠯ᠎ᠡ ᠪᠠᠶᠠᠷᠯᠠᠨ ᠥᠭᠦᠯᠡᠷᠦᠨ :《ᠡᠨᠡ ᠮᠠᠰᠢ ᠬᠢᠯᠪᠠᠷ᠃ 》 ᠬᠡᠮᠡᠭᠡᠳ ᠳᠠᠷᠤᠢ ᠴᠠᠭᠠᠵᠠ ᠵᠠᠷᠯᠠᠨ ᠶᠡᠬᠡ ᠶ᠋ᠢᠨ ᠱᠠᠨ ᠠᠭᠤᠯᠠᠨ ᠤ᠋ ᠣᠷᠣᠢ ᠳ᠋ᠤᠷ ᠶᠡᠬᠡ ᠮᠠᠨᠳᠠᠯ ᠴᠣᠭᠴᠠᠯᠠᠵᠤ᠂ ᠠᠵᠢᠨᠠᠢ ᠶᠤᠸᠠᠨᠱᠤᠸᠠᠢ ᠯᠤᠭ᠎ᠠ ᠮᠠᠨᠳᠠᠯ ᠳ᠋ᠤᠷ ᠠᠪᠠᠷᠢᠵᠤ᠂ ᠬᠣᠶᠠᠷ ᠡᠲᠡᠭᠡᠳ ᠦ᠋ᠨ ᠴᠡᠷᠢᠭ ᠢ᠋ ᠮᠠᠨᠳᠠᠯ ᠢ᠋ ᠲᠣᠭᠣᠷᠢᠨ ᠵᠢᠭᠰᠠᠭᠠᠵᠤ᠂ ᠴᠠᠭᠠᠨ ᠮᠣᠷᠢ ᠬᠠᠷ᠎ᠠ ᠦᠬᠡᠷ ᠠᠯᠠᠵᠤ ᠴᠢᠰᠤ ᠶ᠋ᠢ ᠰᠠᠴᠤᠨ ᠶᠡᠬᠡ ᠫᠤᠤ ᠲᠠᠯᠪᠢᠭᠤᠯᠵᠤ᠂ ᠶᠧ ᠯᠢᠦᠢ ᠯᠢᠦ ᠬᠧ ᠬᠣᠢᠲᠤ ᠵᠦᠭ ᠬᠠᠨᠳᠤᠨ ᠰᠥᠭᠥᠳᠴᠦ ᠭᠠᠷ ᠲᠤᠷ ᠢᠯᠳᠦ ᠪᠠᠷᠢᠵᠤ ᠥᠨᠳᠥᠷ ᠳᠠᠭᠤᠨ ᠢ᠋ᠶ᠋ᠠᠷ ᠲᠠᠯᠠᠷᠬᠠᠨ ᠥᠭᠦᠯᠡᠷᠦᠨ :《ᠲᠡᠭᠷᠢ ᠰᠠᠬᠢᠭᠤᠯᠰᠤᠨ ᠠᠢᠯᠠᠳ᠂ ᠶᠧ ᠯᠢᠦᠢ ᠯᠢᠦ ᠬᠧ ᠪᠢ ᠦᠨᠡᠨ ᠵᠠᠶᠠᠭᠠᠲᠤ ᠴᠢᠩᠭᠢᠰ ᠬᠠᠭᠠᠨ ᠳ᠋ᠤᠷ ᠳᠠᠭᠠᠵᠤ ᠦᠬᠦᠲᠡᠯ᠎ᠡ ᠥᠪᠡᠷ᠎ᠡ ᠰᠡᠳᠬᠢᠯ ᠦᠯᠦ ᠪᠠᠷᠢᠮᠤ᠂ ᠬᠡᠷᠪᠡ ᠦᠭᠡ ᠡᠴᠡ ᠨᠢᠴᠤᠪᠠᠰᠤ ᠰᠤᠮᠤᠨ ᠢᠯᠳᠦᠨ ᠳ᠋ᠦ᠍ᠷ ᠦᠬᠦᠵᠦ᠂ ᠲᠦᠮᠡᠨ ᠴᠡᠷᠢᠭ ᠲᠦ᠍ᠷ ᠭᠢᠰᠬᠢᠯᠡᠭᠳᠡᠲᠦᠭᠡᠢ ! 》ᠬᠡᠮᠡᠭᠰᠡᠨ ᠳ᠋ᠦ᠍ᠷ ᠠᠵᠢᠨᠠᠢ ᠮᠡᠷᠭᠡᠨ ᠶᠡᠬᠡᠯ᠎ᠡ ᠪᠠᠶᠠᠷᠯᠠᠵᠤ᠂ ᠮᠥᠨ ᠢᠯᠳᠦᠨ ᠪᠠᠷᠢᠵᠤ ᠳᠤᠮᠳᠠ ᠬᠤᠷᠤᠭᠤᠨ ᠢ᠋ᠶ᠋ᠠᠨ ᠡᠰᠬᠡᠵᠦ ᠴᠢᠰᠤ ᠰᠠᠴᠤᠵᠤ ᠶᠡᠬᠡ ᠳᠠᠭᠤᠨ ᠢ᠋ᠶ᠋ᠠᠷ ᠥᠭᠦᠯᠡᠷᠦᠨ : 《ᠮᠠᠨ ᠤ᠋ ᠤᠯᠤᠰ ᠬᠡᠷᠪᠡ ᠶᠧ ᠯᠢᠦᠢ ᠯᠢᠦ ᠬᠧ ᠶ᠋ᠢᠨ ᠴᠢᠩ ᠦᠨᠡᠨ ᠢ᠋ ᠥᠴᠦᠬᠡᠨ ᠲᠡᠳᠦᠢ ᠭᠠᠵᠢᠭᠤ ᠠᠪᠠᠴᠢᠪᠠᠰᠤ ᠮᠢᠨᠦ ᠪᠡᠶ᠎ᠡ ᠤᠷᠢᠳᠠ ᠲᠦᠮᠡᠨ ᠵᠡᠪᠡ ᠳ᠋ᠦ᠍ᠷ ᠬᠠᠷᠪᠤᠭᠳᠠᠨ ᠠᠯᠠᠭᠳᠠᠬᠤ᠂ ᠮᠢᠨᠦ ᠶᠠᠰᠤ ᠰᠢᠪᠠᠷ ᠪᠣᠯᠲᠠᠯ᠎ᠠ ᠭᠢᠰᠬᠢᠭᠳᠡᠲᠦᠭᠡᠢ ! 》ᠬᠡᠮᠡᠭᠰᠡᠨ ᠳ᠋ᠦ᠍ᠷ ᠶᠧ ᠯᠢᠦᠢ ᠯᠢᠦ ᠬᠧ ᠶᠡᠬᠡᠯ᠎ᠡ ᠪᠠᠶᠠᠷᠯᠠᠨ ᠭᠠᠢᠬᠠᠵᠤ᠂ ᠶᠠᠭᠠᠷᠠᠨ ᠥᠪᠡᠷ ᠦ᠋ᠨ ᠪᠠᠷᠠᠭᠤᠨ ᠭᠠᠷ ᠤ᠋ᠨ ᠡᠷᠡᠬᠡᠢ ᠬᠤᠷᠤᠭᠤ ᠪᠠᠨ ᠡᠰᠬᠡᠵᠦ ᠴᠢᠰᠤ ᠭᠠᠷᠭᠠᠨ ᠬᠠᠷᠢᠯᠴᠠᠨ ᠲᠡᠭᠷᠢ ᠳ᠋ᠦ᠍ᠷ ᠰᠠᠴᠤᠵᠤ ᠬᠠᠷᠠᠬᠠᠨ ᠴᠥᠮ ᠤᠤᠭᠤᠯᠴᠠᠵᠤ᠂ ᠬᠣᠶᠠᠷ ᠲᠦᠰᠢᠮᠡᠳ ᠭᠠᠷ ᠪᠠᠷᠢᠯᠴᠠᠨ ᠶᠡᠬᠡᠯ᠎ᠡ ᠢᠨᠢᠶᠡᠯᠴᠡᠵᠦ ᠶᠡᠬᠡ ᠬᠤᠷᠢᠮ ᠬᠤᠷᠢᠮᠯᠠᠪᠠ᠃ ᠡᠭᠦᠨ ᠳ᠋ᠦ᠍ᠷ ᠶᠧ ᠯᠢᠦᠢ ᠯᠢᠦ ᠬᠧ ᠶ᠋ᠢᠨ ᠣᠯᠠᠨ ᠵᠠᠩᠵᠤᠨ ᠴᠡᠷᠢᠭ᠂ ᠮᠣᠩᠭᠣᠯ ᠤ᠋ᠨ ᠵᠠᠩᠵᠤᠨ ᠨᠠᠷ ᠢ᠋ ᠶᠡᠬᠡᠯ᠎ᠡ ᠭᠠᠢᠬᠠᠯᠳᠤᠨ ᠪᠢᠰᠢᠷᠡᠪᠡ᠃ ᠲᠡᠳᠦᠢ ᠬᠤᠷᠢᠮ ᠲᠠᠷᠬᠠᠵᠤ ᠠᠵᠢᠨᠠᠢ ᠶᠤᠸᠠᠨᠱᠤᠸᠠᠢ ᠶᠧ ᠯᠢᠦᠢ ᠯᠢᠦ ᠬᠧ ᠶ᠋ᠢᠨ ᠭᠠᠷ ᠢ᠋ ᠪᠠᠷᠢᠵᠤ ᠥᠭᠦᠯᠡᠷᠦᠨ :《ᠪᠢ ᠡᠭᠡᠭᠰᠡᠨ ᠬᠣᠢᠨ᠎ᠠ ᠯᠢᠶᠣᠤ ᠳ᠋ᠦᠩ ᠦ᠋ᠨ ᠭᠠᠵᠠᠷ ᠢ᠋ ᠳᠠᠢᠯᠠᠵᠤ ᠲᠦᠪᠰᠢᠳᠬᠡᠨ ᠲᠦᠮᠡᠨ ᠢᠷᠭᠡᠨ ᠢ᠋ ᠠᠮᠤᠷ ᠪᠣᠯᠭᠠᠬᠤ ᠶ᠋ᠢ ᠪᠢ ᠬᠠᠭᠠᠨ ᠳ᠋ᠤᠷ ᠠᠢᠯᠠᠳᠬᠠᠨ ᠴᠢᠮ᠎ᠠ ᠳ᠋ᠤᠷ ᠲᠣᠭᠲᠠᠭᠠᠯᠭᠠᠰᠤᠭᠠᠢ ! 》ᠭᠡᠮᠡᠨ ᠰᠠᠯᠵᠤ ᠴᠡᠷᠢᠭ ᠡᠭᠡᠪᠡ᠃
       ᠲᠡᠨᠳᠡᠴᠡ ᠠᠯᠲᠠᠨ ᠤᠯᠤᠰ ᠤ᠋ᠨ ᠸᠧᠢ ᠱᠣᠣ ᠸᠠᠩ᠂ ᠯᠢᠶᠣᠤ ᠳ᠋ᠦᠩ ᠢ᠋ᠶ᠋ᠡᠨ ᠮᠣᠩᠭᠣᠯ ᠳ᠋ᠤᠷ ᠳᠠᠭᠠᠭᠰᠠᠨ ᠢ᠋ ᠰᠣᠨᠣᠰᠴᠤ ᠶᠡᠬᠡᠯ᠎ᠡ ᠴᠢᠬᠤᠯᠳᠠᠨ᠂ ᠤᠭᠰᠠᠭ᠎ᠠ ᠶ᠋ᠢᠨ ᠸᠠᠨ ᠶᠠᠨ ᠬᠤ᠌ ᠱᠠ ᠳ᠋ᠤᠷ ᠵᠢᠷᠠᠨ ᠲᠦᠮᠡᠨ ᠴᠡᠷᠢᠭ ᠥᠭᠴᠦ ᠶᠧ ᠯᠢᠦᠢ ᠯᠢᠦ ᠬᠧ ᠶ᠋ᠢ ᠳᠠᠢᠯᠠᠷ᠎ᠠ ᠢᠯᠡᠭᠡᠬᠦᠢ ᠳ᠋ᠦ᠍ᠷ ᠸᠠᠨ ᠶᠠᠨ ᠬᠤ᠌ ᠱᠠ ᠴᠡᠷᠢᠭ ᠢ᠋ᠶ᠋ᠡᠨ ᠵᠠᠭᠤᠨ ᠲᠦᠮᠡᠨ ᠭᠡᠮᠡᠨ ᠠᠯᠳᠠᠷᠰᠢᠭᠤᠯᠵᠤ ᠂ ᠪᠠᠰᠠ ᠴᠡᠷᠢᠭ ᠦ᠋ᠨ ᠠᠷᠠᠳ ᠲᠤᠷ : 《ᠶᠧ ᠯᠢᠦᠢ ᠯᠢᠦ ᠬᠧ ᠶ᠋ᠢᠨ ᠮᠢᠬ᠎ᠠ ᠶ᠋ᠢ ᠨᠢᠭᠡᠨ ᠯᠠᠩ ᠣᠯᠤᠭᠰᠠᠨ ᠬᠥᠮᠦᠨ ᠳ᠋ᠦ᠍ᠷ ᠠᠷᠪᠠᠨ ᠯᠠᠩ ᠴᠠᠭᠠᠨ ᠮᠥᠩᠭᠥ ᠱᠠᠩᠨᠠᠮᠤᠢ ᠂ ᠶᠠᠰᠤᠨ ᠢ᠋ ᠨᠢᠭᠡᠨ ᠯᠠᠩ ᠣᠯᠤᠭᠰᠠᠨ ᠬᠥᠮᠦᠨ ᠳ᠋ᠦ᠍ᠷ ᠰᠢᠷ᠎ᠠ ᠠᠯᠲᠠᠨ ᠠᠷᠪᠠᠨ ᠯᠠᠩ ᠱᠠᠩᠨᠠᠵᠤ ᠂ ᠴᠢᠶᠠᠨ ᠽᠦᠩ ᠦ᠋ᠨ ᠴᠣᠯᠠ ᠡᠷᠭᠦᠮᠵᠢᠯᠡᠮᠦᠢ ! 》ᠬᠡᠮᠡᠭᠰᠡᠨ ᠳ᠋ᠦ᠍ᠷ ᠡᠨᠡ ᠮᠡᠳᠡᠭᠡ ᠬᠡᠳᠦᠢᠨᠡᠢ ᠯᠢᠶᠣᠤ ᠳ᠋ᠦᠩ ᠳ᠋ᠦ᠍ᠷ ᠠᠯᠳᠠᠷᠰᠢᠭᠰᠠᠨ᠎ᠠ ᠶᠧ ᠯᠢᠦᠢ ᠯᠢᠦ ᠬᠧ ᠶᠡᠬᠡᠯ᠎ᠡ ᠠᠮᠤᠷ ᠦᠭᠡᠢ ᠪᠣᠯᠵᠤ᠂ ᠶᠠᠭᠠᠷᠠᠨ ᠮᠣᠩᠭᠣᠯ ᠤ᠋ᠨ ᠴᠢᠩᠭᠢᠰ ᠬᠠᠭᠠᠨ ᠳ᠋ᠤᠷ ᠠᠢᠯᠠᠳᠬᠠᠵᠤ ᠴᠡᠷᠢᠭ ᠭᠤᠶᠤᠬᠤ ᠪᠢᠴᠢᠭ ᠡᠷᠭᠦᠨ ᠳᠣᠪᠲᠣᠯᠭᠠᠪᠠ᠃ ᠡᠨᠡ ᠦᠶ᠎ᠡ ᠳ᠋ᠦ᠍ᠷ ᠠᠵᠢᠨᠠᠢ ᠮᠡᠷᠭᠡᠨ ᠬᠡᠳᠦᠢᠨᠡᠢ ᠬᠦᠷᠴᠦ ᠯᠢᠶᠣᠤ ᠳ᠋ᠦᠩ ᠦ᠋ᠨ ᠶᠧ ᠯᠢᠦᠢ ᠯᠢᠦ ᠬᠧ ᠶ᠋ᠢᠨ ᠦᠨᠡᠨ ᠰᠠᠨᠠᠭᠠᠨ ᠢ᠋ ᠠᠢᠯᠠᠳᠬᠠᠵᠤ᠂ ᠯᠢᠶᠣᠤ ᠳ᠋ᠦᠩ ᠢ᠋ ᠲᠦᠪᠰᠢᠳᠬᠡᠵᠦ ᠲᠡᠭᠦᠨ ᠳ᠋ᠦ᠍ᠷ ᠲᠤᠰᠢᠶᠠᠭᠰᠠᠨ ᠵᠣᠣ ᠪᠢᠴᠢᠭ ᠪᠠᠷᠢᠭᠤᠯᠤᠨ ᠠᠢᠯᠠᠳᠬᠠᠲᠠᠯ᠎ᠠ ᠳᠠᠭᠠᠯᠳᠤᠭ᠎ᠠ ᠶᠧ ᠯᠢᠦᠢ ᠯᠢᠦ ᠭᠧ ᠶ᠋ᠢᠨ ᠲᠤᠰᠠᠯᠠᠬᠤ ᠴᠡᠷᠢᠭ ᠭᠤᠶᠤᠬᠤ ᠪᠢᠴᠢᠭ ᠬᠦᠷᠴᠦ ᠢᠷᠡᠭᠰᠡᠨ ᠳ᠋ᠦ᠍ᠷ ᠬᠠᠭᠠᠨ ᠤ᠋ ᠭᠡᠭᠡᠨ ᠮᠥᠨ ᠬᠦ᠌ ᠠᠵᠢᠨᠠᠢ ᠮᠡᠷᠭᠡᠨ ᠢ᠋ ᠶᠡᠬᠡ ᠶᠤᠸᠠᠨᠱᠤᠸᠠᠢ ᠪᠣᠯᠭᠠᠵᠤ ᠬᠤᠳᠠᠷᠭ᠎ᠠ ᠪᠠᠭᠠᠲᠤᠷ ᠢ᠋ ᠬᠠᠪᠰᠤᠷᠤᠭᠤᠯᠤᠨ ᠳᠣᠣᠷ᠎ᠠ ᠠᠨᠤ ᠥᠳᠥ᠂ ᠰᠣᠳᠣ᠂ ᠬᠦᠳᠡᠷ ᠪᠦᠰᠡ᠂ ᠬᠦᠷᠡᠯ ᠪᠦᠰᠡ᠂ ᠪᠤᠭᠤᠲᠤ ᠬᠤᠸᠠ᠂ ᠠᠯᠠᠭ ᠲᠤᠭᠤᠯ᠂ ᠤᠨᠵᠢᠭᠠᠢ᠂ ᠰᠤᠨᠵᠢᠭᠠᠢ ᠨᠠᠢ᠍ᠮᠠᠨ ᠵᠠᠩᠵᠤᠨ᠂ ᠰᠢᠯᠭᠠᠳᠠᠭ ᠴᠡᠷᠢᠭ ᠠᠷᠪᠠᠨ ᠨᠢᠭᠡᠨ ᠲᠦᠮᠡᠨ ᠵᠢᠷᠭᠤᠭᠠᠨ ᠮᠢᠩᠭᠠᠨ ᠥᠭᠴᠦ ᠥᠮᠥᠭᠯᠡᠷ᠎ᠡ ᠢᠯᠡᠭᠡᠪᠡ᠃ ᠠᠵᠢᠨᠠᠢ ᠶᠤᠸᠠᠨᠱᠤᠸᠠᠢ ᠶᠡᠬᠡ ᠴᠡᠷᠢᠭ ᠢ᠋ᠶ᠋ᠡᠨ ᠠᠪᠴᠤ ᠯᠢᠶᠣᠤ ᠳ᠋ᠦᠩ ᠦ᠋ᠨ ᠭᠠᠵᠠᠷ ᠬᠦᠷᠴᠦ ᠳᠢᠴᠢᠨᠤᠷ ᠬᠡᠮᠡᠬᠦ ᠭᠠᠵᠠᠷ ᠠᠯᠲᠠᠨ ᠤᠯᠤᠰ ᠤ᠋ᠨ ᠴᠡᠷᠢᠭ ᠦ᠋ᠨ ᠡᠮᠦᠨ᠎ᠡ ᠡᠰᠡᠷᠭᠦᠯᠡᠯᠴᠡᠨ ᠪᠠᠭᠤᠪᠠ᠃ ᠶᠧ ᠯᠢᠦᠢ ᠯᠢᠦ ᠬᠧ ᠡᠭᠦᠨ ᠳ᠋ᠦ᠍ᠷ ᠵᠢᠷᠦᠬᠡᠨ ᠤᠭ ᠠ᠋ᠴᠠ ᠰᠢᠲᠦᠨ ᠪᠠᠶᠠᠷᠯᠠᠵᠤ᠂ ᠥᠪᠡᠷ ᠦ᠋ᠨ ᠪᠡᠶ᠎ᠡ ᠪᠡᠷ ᠵᠠᠷᠯᠢᠭ ᠢ᠋ ᠬᠦᠯᠢᠶᠡᠨ ᠰᠢᠷᠡᠭᠡ ᠵᠢᠭᠰᠠᠭᠠᠨ ᠰᠥᠭᠥᠳᠴᠦ ᠤᠭᠲᠤᠭᠠᠳ ᠵᠠᠷᠯᠢᠭ ᠤ᠋ᠨ ᠶᠤᠸᠠᠨᠱᠤᠸᠠᠢ ᠯᠤᠭ᠎ᠠ ᠶᠡᠬᠡ ᠬᠤᠷᠢᠮ ᠬᠤᠷᠢᠮᠯᠠᠬᠤᠢ ᠳ᠋ᠠᠭᠠᠨ ᠪᠠᠶᠠᠷᠯᠠᠨ ᠥᠭᠦᠯᠡᠷᠦᠨ : 《ᠪᠢ ᠬᠠᠷᠠᠬᠠᠨ ᠪᠠᠭ᠎ᠠ ᠠ᠋ᠴᠠ ᠴᠢᠬᠡᠴᠢ ᠪᠡᠷ ᠶᠠᠪᠤᠭᠰᠠᠨ ᠢ᠋ᠶ᠋ᠠᠷ ᠨᠢᠭᠡᠨ ᠤᠳᠠᠭ᠎ᠠ ᠳ᠋ᠤᠷ ᠳᠠᠷᠤᠢ ᠦᠨᠡᠨ ᠲᠡᠭᠷᠢ ᠶ᠋ᠢᠨ ᠬᠥᠪᠡᠭᠦᠨ ᠳ᠋ᠦ᠍ᠷ ᠠᠭᠤᠯᠵᠠᠪᠠ᠃ ᠡᠨᠡ ᠴᠥᠮ ᠮᠢᠨᠦ ᠴᠢᠩ ᠦᠨᠡᠨ ᠡᠴᠡ ᠪᠣᠯᠤᠭᠰᠠᠨ ᠪᠠᠷᠢᠯᠳᠤᠯᠭ᠎ᠠ 》ᠭᠡᠮᠡᠨ ᠦᠶᠡᠯᠢᠳ ᠬᠥᠪᠡᠭᠦᠨ ᠨᠠᠨ ᠡᠦ ᠶ᠋ᠢ ᠶᠡᠬᠡ ᠴᠡᠷᠢᠭ ᠦ᠋ᠨ ᠬᠣᠰᠢᠭᠤᠴᠢ ᠰᠢᠶᠠᠨ ᠹᠧᠩ ᠪᠣᠯᠭᠠᠵᠤ᠂ ᠥᠪᠡᠷ ᠦ᠋ᠨ ᠠᠷᠪᠠᠨ ᠲᠠᠪᠤᠨ ᠲᠦᠮᠡᠨ ᠴᠡᠷᠢᠭ ᠢ᠋ ᠠᠪᠴᠤ ᠮᠣᠩᠭᠣᠯ ᠤ᠋ᠨ ᠵᠠᠷᠯᠢᠭ ᠤ᠋ᠨ ᠶᠤᠸᠠᠨᠱᠤᠸᠠᠢ ᠠᠵᠢᠨᠠᠢ ᠮᠡᠷᠭᠡᠨ ᠯᠦ᠍ᠭᠡ ᠵᠥᠪᠯᠡᠨ ᠬᠡᠯᠡᠯᠴᠡᠬᠦᠢ ᠳ᠋ᠦ᠍ᠷ ᠠᠵᠢᠨᠠᠢ ᠮᠡᠷᠭᠡᠨ ᠥᠭᠦᠯᠡᠷᠦᠨ: 《ᠶᠡᠬᠡ ᠵᠠᠩᠵᠤᠨ ᠴᠢ ᠲᠥᠪ ᠦ᠋ᠨ ᠴᠡᠷᠢᠭ ᠢ᠋ᠶ᠋ᠡᠨ ᠠᠪᠴᠤ ᠡᠰᠡᠷᠭᠦᠴᠡᠯᠡᠨ ᠠᠯᠲᠠᠨ ᠤᠯᠤᠰ ᠯᠤᠭ᠎ᠠ ᠪᠠᠢᠯᠳᠤᠭᠴᠢ ᠪᠣᠯᠤᠨ ᠪᠠᠢᠭᠲᠤᠨ᠂ ᠪᠢᠳᠡᠨ ᠦ᠌ ᠪᠣᠯᠣᠳ ᠬᠦᠴᠦᠲᠦ ᠶᠡᠬᠡ ᠴᠡᠷᠢᠭ ᠮᠥᠨ ᠡᠳᠦᠷ ᠦ᠋ᠨ ᠰᠠᠯᠬᠢᠨ ᠤ᠋ ᠳᠡᠭᠡᠷ᠎ᠡ ᠡᠴᠡ ᠲᠡᠭᠦᠨ ᠦ᠌ ᠪᠠᠷᠠᠭᠤᠨ ᠬᠣᠢᠲᠤ ᠠ᠋ᠴᠠ ᠭᠡᠨᠡᠳᠲᠡ ᠳᠠᠷᠤᠨ ᠣᠷᠣᠰᠤᠭᠠᠢ᠃ ᠡᠭᠦᠨ ᠳ᠋ᠦ᠍ᠷ ᠲᠠᠨ ᠤ᠋ ᠴᠡᠷᠢᠭ ᠢ᠋ᠶ᠋ᠡᠷ ᠰᠢᠪᠲᠤᠯᠤᠨ ᠴᠣᠬᠢᠬᠤ᠂ ᠠᠪᠠᠯᠠᠬᠤ ᠮᠠᠨ ᠤ᠋ ᠬᠣᠶᠠᠷ ᠠᠩᠭᠢ ᠴᠡᠷᠢᠭ ᠣᠷᠣᠭᠰᠢ ᠬᠣᠢᠰᠢ ᠬᠠᠯᠳᠠᠨ ᠠᠯᠲᠠᠨ ᠤ᠋ ᠴᠡᠷᠢᠭ ᠢ᠋ ᠵᠠᠪ ᠭᠠᠷᠭᠠᠯ ᠦᠭᠡᠢ ᠪᠡᠷ ᠳᠠᠷᠤᠪᠠᠰᠤ ᠪᠣᠯᠤᠮᠤᠢ᠃ 》ᠬᠡᠮᠡᠬᠦᠢ ᠳ᠋ᠦ᠍ᠷ ᠶᠧ ᠯᠢᠦᠢ ᠯᠢᠦ ᠬᠧ ᠶᠡᠬᠡᠯ᠎ᠡ ᠪᠠᠶᠠᠷᠯᠠᠵᠤ᠂ ᠳᠠᠷᠤᠢ ᠡᠨᠡ ᠠᠷᠭ᠎ᠠ ᠪᠠᠷ ᠲᠣᠭᠲᠠᠭᠠᠵᠤ᠂ ᠵᠢᠴᠢ ᠡᠳᠦᠷ ᠮᠣᠩᠭᠣᠯ ᠤ᠋ᠨ ᠴᠡᠷᠢᠭ ᠤᠬᠤᠷᠢᠵᠤ᠂ ᠯᠢᠶᠣᠤ ᠳ᠋ᠦᠩ ᠦ᠋ᠨ ᠴᠡᠷᠢᠭ ᠤᠷᠤᠭᠰᠢᠯᠠᠨ ᠬᠠᠯᠳᠠᠨ ᠪᠠᠢᠯᠳᠤᠬᠤᠢ ᠳ᠋ᠤᠷ ᠠᠯᠲᠠᠨ ᠤᠯᠤᠰ ᠤ᠋ᠨ ᠴᠡᠷᠢᠭ ᠬᠠᠷᠠᠬᠠᠨ ᠮᠣᠩᠭᠣᠯ ᠤ᠋ᠨ ᠴᠡᠷᠢᠭ ᠡᠴᠡ ᠰᠥᠰᠥ ᠬᠡᠮᠬᠡᠷᠡᠲᠡᠯ᠎ᠡ ᠠᠶᠤᠭᠰᠠᠨ ᠲᠤᠯᠠ ᠡᠳᠦᠭᠡ ᠮᠣᠩᠭᠣᠯ ᠤ᠋ᠨ ᠴᠡᠷᠢᠭ ᠡᠴᠡ ᠬᠠᠷᠠᠬᠠᠨ ᠡᠮᠢᠶᠡᠨ ᠪᠥᠬᠥᠶ᠎ᠡ᠂ ᠯᠢᠶᠣᠤ ᠳ᠋ᠦᠩ ᠦ᠋ᠨ ᠴᠡᠷᠢᠭ ᠤᠷᠤᠭᠰᠢᠯᠠᠨ᠂ ᠮᠣᠩᠭᠣᠯ ᠤ᠋ᠨ ᠴᠡᠷᠢᠭ ᠬᠣᠢᠰᠢᠯᠠᠬᠤ ᠶ᠋ᠢ ᠦᠵᠡᠭᠡᠳ ᠯᠠᠪ ᠥᠪᠡᠷ᠎ᠡ ᠠᠷᠭ᠎ᠠ ᠪᠣᠢ ᠭᠡᠮᠡᠨ ᠳᠠᠭᠵᠢᠬᠤᠢ ᠳ᠋ᠤᠷ ᠭᠡᠨᠡᠳᠲᠡ ᠪᠠᠷᠠᠭᠤᠨ ᠬᠣᠢᠲᠤ ᠵᠦᠭ ᠡᠴᠡ ᠡᠯᠡᠰᠦ ᠶᠡᠬᠡᠯ᠎ᠡ ᠳᠡᠭᠳᠡᠵᠦ᠂ ᠮᠣᠩᠭᠣᠯ ᠤ᠋ᠨ ᠴᠡᠷᠢᠭ ᠴᠢᠯᠠᠭᠤ ᠥᠩᠬᠥᠷᠢᠨ ᠮᠥᠷᠡᠨ ᠲᠦᠯᠬᠢᠬᠦ ᠮᠡᠲᠦ ᠴᠣᠬᠢᠨ ᠣᠷᠣᠵᠤ ᠢᠷᠡᠭᠰᠡᠨ ᠳ᠋ᠦ᠍ᠷ ᠴᠢᠪᠬᠢᠲᠡᠯ᠎ᠡ ᠠᠯᠲᠠᠨ ᠤᠯᠤᠰ ᠤ᠋ᠨ ᠴᠡᠷᠢᠭ ᠯᠦ᠍ᠭᠡ ᠤᠴᠠᠷᠠᠵᠤ ᠨᠢᠭᠡᠨ ᠤᠳᠠᠭ᠎ᠠ ᠴᠤ᠌ ᠪᠠᠢᠯᠳᠤᠭᠰᠠᠨ ᠦᠭᠡᠢ ᠪᠤᠷᠤᠭᠤᠯᠠᠨ ᠡᠴᠢᠬᠦᠢ ᠳ᠋ᠦ᠍ᠷ ᠮᠣᠩᠭᠣᠯ ᠤ᠋ᠨ ᠴᠡᠷᠢᠭ ᠲᠡᠳᠡᠨ ᠢ᠋ ᠮᠥᠷᠳᠡᠨ ᠬᠥᠭᠡᠭᠡᠵᠦ ᠠᠯᠠᠨ ᠶᠠᠪᠤᠬᠤ ᠠᠨᠤ ᠶᠡᠬᠡ ᠲᠣᠭᠰᠢᠨ ᠦᠶᠡᠷ ᠯᠣᠪᠬᠣ ᠤᠷᠤᠰᠬᠠᠬᠤ ᠮᠡᠲᠦ ᠳ᠋ᠦ᠍ᠷ ᠶᠧ ᠯᠢᠦᠢ ᠯᠢᠦ ᠬᠧ ᠶ᠋ᠢᠨ ᠴᠡᠷᠢᠭ ᠪᠠᠰᠠ ᠣᠮᠣᠭ ᠲᠥᠷᠥᠵᠦ ᠳᠣᠪᠲᠣᠯᠤᠨ ᠣᠷᠣᠭᠠᠳ ᠮᠣᠩᠭᠣᠯ ᠤ᠋ᠨ ᠴᠡᠷᠢᠭ ᠦ᠋ᠨ ᠡᠮᠦᠨ᠎ᠡ ᠭᠠᠷᠤᠭᠰᠠᠨ ᠳ᠋ᠤᠷ ᠠᠵᠢᠨᠠᠢ ᠮᠡᠷᠭᠡᠨ ᠴᠡᠷᠢᠭ ᠢ᠋ᠶ᠋ᠡᠨ ᠲᠡᠭᠰᠢᠯᠡᠨ ᠪᠤᠳᠠᠭᠠᠯᠠᠵᠤ᠂ ᠪᠠᠰᠠ ᠳᠣᠪᠲᠣᠯᠤᠨ ᠣᠷᠣᠭᠰᠠᠨ ᠳ᠋ᠤᠷ ᠶᠧ ᠯᠢᠦᠢ ᠯᠢᠦ ᠬᠢ ᠶ᠋ᠢᠨ ᠴᠡᠷᠢᠭ ᠦ᠋ᠨ ᠡᠮᠦᠨ᠎ᠡ ᠣᠷᠣᠵᠤ ᠬᠥᠭᠡᠭᠡᠬᠦᠢ ᠳ᠋ᠦ᠍ᠷ ᠶᠧ ᠯᠢᠦᠢ ᠯᠢᠦ ᠬᠧ ᠶ᠋ᠢᠨ ᠴᠡᠷᠢᠭ ᠴᠢᠯᠥᠭᠡ ᠣᠯᠵᠤ ᠪᠠᠭᠤᠳᠠᠯᠯᠠᠭᠠᠳ ᠪᠠᠰᠠ ᠮᠣᠷᠢ ᠳᠣᠪᠲᠣᠯᠤᠨ ᠣᠷᠣᠵᠤ ᠡᠨᠡ ᠬᠣᠶᠠᠷ ᠠᠩᠭᠢ ᠶ᠋ᠢᠨ ᠬᠣᠷᠢᠨ ᠵᠢᠷᠭᠤᠭᠠᠨ ᠲᠦᠮᠡᠨ ᠴᠡᠷᠢᠭ ᠬᠣᠶᠠᠷ ᠬᠠᠭᠠᠯᠭ᠎ᠠ ᠪᠠᠷ ᠡᠭᠡᠯᠵᠢᠯᠡᠨ ᠬᠥᠭᠡᠭᠡᠬᠦᠢ ᠳ᠋ᠦ᠍ᠷ ᠠᠯᠲᠠᠨ ᠤᠯᠤᠰ ᠤ᠋ᠨ ᠴᠡᠷᠢᠭ ᠨᠢᠳᠦ ᠴᠠᠪᠴᠢᠬᠤ ᠴᠢᠯᠥᠭᠡ ᠦᠭᠡᠢ ᠪᠡᠷ ᠭᠤᠷᠪᠠᠨ ᠡᠳᠦᠷ ᠪᠠᠢᠯᠳᠤᠵᠤ ᠵᠢᠷᠠᠨ ᠲᠦᠮᠡᠨ ᠴᠡᠷᠢᠭ ᠡᠴᠡ ᠬᠣᠷᠢᠨ ᠲᠦᠮᠡ ᠴᠦ᠍ ᠦᠯᠡᠳᠡᠭᠰᠡᠨ ᠦᠭᠡᠢ᠃ ᠸᠠᠨ ᠶᠠᠨ ᠬᠤ᠌ ᠱᠠ ᠪᠡᠶ᠎ᠡ ᠳ᠋ᠦ᠍ᠷ ᠰᠢᠷᠬ᠎ᠠ ᠣᠯᠵᠤ ᠶᠠᠭᠠᠷᠠᠨ ᠳᠠᠷᠤᠭᠳᠠᠭᠰᠠᠨ ᠴᠡᠷᠢᠭ ᠢ᠋ᠶ᠋ᠡᠨ ᠠᠪᠴᠤ ᠱᠠᠨᠠᠭ᠎ᠠ ᠪᠣᠭᠣᠮᠲᠠ ᠪᠠᠷ ᠣᠷᠣᠵᠤ ᠪᠤᠷᠤᠭᠤᠯᠠᠨ ᠡᠴᠢᠪᠡ᠃ ᠡᠭᠦᠨ ᠳ᠋ᠦ᠍ᠷ ᠶᠧ ᠯᠢᠦᠢ ᠯᠢᠦ ᠬᠧ ᠠᠷᠪᠠᠨ ᠬᠤᠪᠢ ᠲᠠᠢᠯᠵᠤ᠂ ᠠᠯᠲᠠᠨ ᠤᠯᠤᠰ ᠤ᠋ᠨ ᠴᠡᠷᠢᠭ ᠦ᠋ᠨ ᠵᠠᠷ ᠵᠡᠪᠰᠡᠭ ᠬᠤᠶᠠᠭ ᠳᠤᠭᠤᠯᠠᠭ᠎ᠠ ᠥᠷᠭᠥᠭᠡ ᠮᠠᠢᠬᠠᠨ ᠴᠠᠴᠠᠷ ᠲᠠᠭᠲᠤ ᠮᠣᠷᠢ ᠡᠮᠡᠭᠡᠯ ᠲᠡᠷᠭᠡ ᠰᠡᠦᠬᠡ ᠴᠡᠷᠢᠭ ᠦ᠋ᠨ ᠴᠠᠯᠢᠩ ᠢ᠋ ᠪᠦᠷᠢᠨ᠎ᠡ ᠣᠯᠵᠤ᠂ ᠴᠥᠮ ᠮᠣᠩᠭᠣᠯ ᠤ᠋ᠨ ᠴᠡᠷᠢᠭ ᠲᠦ᠍ᠷ ᠬᠦᠷᠭᠡᠨ ᠶᠠᠪᠤᠭᠤᠯᠤᠭᠰᠠᠨ ᠢ᠋ ᠬᠠᠭᠠᠨ ᠤ᠋ ᠭᠡᠭᠡᠨ ᠬᠡᠲᠦᠷᠬᠡᠶ᠎ᠡ ᠱᠠᠩᠨᠠᠭᠰᠠᠨ ᠳ᠋ᠤᠷ ᠶᠧ ᠯᠢᠦᠢ ᠯᠢᠦ ᠬᠧ ᠨᠢᠳᠦᠨ ᠡᠴᠡ ᠨᠢᠯᠪᠤᠰᠤ ᠴᠤᠪᠤᠷᠢᠭᠤᠯᠤᠨ ᠬᠡᠰᠢᠭ ᠲᠣᠷ ᠮᠥᠷᠭᠥᠵᠦ᠂ ᠮᠣᠩᠭᠣᠯ ᠤ᠋ᠨ ᠣᠯᠠᠨ ᠵᠠᠩᠵᠤᠨ ᠨᠠᠷ ᠢ᠋ ᠬᠦᠨᠳᠦᠳᠡ ᠬᠤᠷᠢᠮᠯᠠᠨ ᠮᠣᠷᠳᠠᠭᠤᠯᠵᠤ᠂ ᠬᠡᠰᠢᠭ ᠲᠣᠷ ᠮᠥᠷᠭᠥᠬᠦ ᠪᠣᠳᠣᠷᠣᠣᠯ ᠪᠢᠴᠢᠭ ᠢ᠋ ᠵᠠᠷᠯᠢᠭ ᠤ᠋ᠨ ᠶᠤᠸᠠᠨᠱᠤᠸᠠᠢ ᠠᠵᠢᠨᠠᠢ ᠮᠡᠷᠭᠡᠨ ᠳ᠋ᠦ᠍ᠷ ᠰᠥᠭᠥᠳᠴᠦ ᠡᠷᠭᠦᠨ ᠪᠠᠷᠢᠵᠤ᠂ ᠶᠧ ᠯᠢᠦᠢ ᠯᠢᠦ ᠬᠧ ᠪᠢ ᠭᠠᠵᠠᠷ ᠢ᠋ᠶ᠋ᠠᠨ ᠥᠴᠦᠬᠡᠨ ᠲᠣᠭᠲᠠᠭᠠᠨ ᠴᠢᠳᠠᠮᠠᠭᠴᠠ ᠡᠷᠬᠡᠪᠰᠢ ᠲᠡᠭᠷᠢ ᠶ᠋ᠢᠨ ᠬᠥᠪᠡᠭᠦᠨ ᠲᠦᠮᠡᠨ ᠨᠠᠰᠤᠲᠤ ᠳ᠋ᠤᠷ ᠪᠠᠷᠠᠯᠬᠠᠨ ᠮᠥᠷᠭᠥᠷ᠎ᠡ ᠡᠴᠢᠮᠦᠢ᠃ ᠡᠳᠦᠭᠡ ᠣᠷᠬᠢᠵᠤ ᠡᠴᠢᠪᠡᠰᠦ ᠠᠯᠲᠠᠨ ᠤᠯᠤᠰ ᠯᠠᠪ ᠪᠠᠰᠠ ᠬᠠᠯᠳᠠᠷ᠎ᠠ ᠢᠷᠡᠮᠦᠢ᠃ ᠡᠨᠡ ᠤᠳᠠᠭ᠎ᠠ ᠬᠠᠭᠠᠨ ᠤ᠋ ᠭᠡᠭᠡᠨ ᠥᠴᠦᠬᠡᠨ ᠲᠦᠰᠢᠮᠡᠯ ᠦ᠋ᠨ ᠭᠡᠷ ᠡᠷᠦᠬᠡ ᠥᠨᠳᠡᠭᠡ ᠵᠤᠯᠵᠠᠭ᠎ᠠ ᠬᠡᠮᠬᠡᠷᠡᠬᠦ ᠵᠣᠪᠠᠯᠠᠩ ᠠ᠋ᠴᠠ ᠠᠪᠤᠷᠠᠨ ᠭᠠᠷᠭᠠᠪᠠ ᠭᠡᠮᠡᠨ ᠤᠬᠢᠯᠠᠨ ᠮᠣᠷᠳᠠᠭᠤᠯᠪᠠ᠃ ᠲᠡᠳᠦᠢ ᠠᠵᠢᠨᠠᠢ ᠮᠡᠷᠭᠡᠨ ᠳᠡᠢᠯᠦᠭᠰᠡᠨ ᠴᠡᠷᠢᠭ ᠢ᠋ᠶ᠋ᠡᠨ ᠠᠪᠴᠤ ᠡᠭᠡᠵᠦ ᠢᠷᠡᠭᠡᠳ ᠬᠠᠭᠠᠨ ᠳ᠋ᠤᠷ ᠪᠠᠷᠠᠭᠠᠳᠠᠨ᠂ ᠡᠨᠡ ᠤᠳᠠᠭ᠎ᠠ ᠶ᠋ᠢᠨ ᠯᠢᠶᠣᠤ ᠳ᠋ᠦᠩ ᠦ᠋ᠨ ᠪᠢᠰᠢᠷᠡᠨ ᠳᠠᠭᠠᠭᠰᠠᠨ ᠢ᠋ ᠠᠢᠯᠠᠳᠬᠠᠵᠤ ᠵᠠᠷᠯᠢᠭ ᠢ᠋ ᠡᠭᠡᠭᠦᠯᠪᠡ᠃ 
       ᠲᠡᠳᠦᠢ ᠬᠠᠭᠠᠨ ᠤ᠋ ᠭᠡᠭᠡᠨ ᠪᠠᠰᠠ ᠮᠤᠬᠤᠯᠢ ᠨᠠᠷ ᠤ᠋ᠨ ᠶᠡᠬᠡ ᠴᠡᠷᠢᠭ ᠢ᠋ ᠠᠪᠴᠤ ᠪᠠᠢᠯᠳᠤᠨ ᠣᠷᠣᠬᠤᠶ᠎ᠠ ᠠᠯᠲᠠᠨ ᠤᠯᠤᠰ ᠤ᠋ᠨ ᠴᠡᠷᠢᠭ ᠨᠢᠭᠡᠨᠲᠡ ᠰᠥᠰᠥ ᠬᠡᠮᠬᠡᠷᠡᠭᠰᠡᠨ ᠲᠤᠯᠠ ᠮᠣᠩᠭᠣᠯ ᠤ᠋ᠨ ᠶᠡᠬᠡ ᠴᠡᠷᠢᠭ ᠦ᠋ᠨ ᠴᠢᠮᠡᠭᠡ ᠶ᠋ᠢ ᠰᠣᠨᠣᠰᠤᠮᠠᠭᠴᠠ ᠲᠣᠭᠣᠰᠣ ᠶ᠋ᠢ ᠦᠵᠡᠬᠦ ᠦᠭᠡᠢ ᠪᠡᠷ ᠪᠤᠷᠤᠭᠤᠯᠠᠬᠤᠢ ᠳ᠋ᠤᠷ ᠮᠣᠩᠭᠣᠯ ᠤ᠋ᠨ ᠴᠡᠷᠢᠭ ᠬᠣᠭᠣᠰᠣᠨ ᠭᠠᠵᠠᠷ ᠶᠠᠪᠤᠬᠤ ᠮᠡᠲᠦ ᠬᠢᠯᠪᠠᠷ ᠪᠣᠯᠵᠤ᠂ ᠪᠠᠰᠠ ᠠᠯᠲᠠᠨ ᠤᠯᠤᠰ ᠤ᠋ᠨ ᠴᠢᠩ ᠵᠧᠦ᠂ ᠹᠦ ᠵᠧᠦ ᠡᠨᠡ ᠬᠣᠶᠠᠷ ᠬᠣᠲᠠᠨ ᠢ᠋ ᠠᠪᠴᠤ ᠪᠠᠰᠠ ᠭᠤᠸᠠᠨ ᠵᠧᠦ ᠶ᠋ᠢ ᠬᠠᠭᠠᠭᠠᠳ ᠭᠤᠷᠪᠠᠳᠤᠭᠠᠷ ᠡᠳᠦᠷ ᠶᠢᠰᠦᠨ ᠡᠩ ᠦ᠋ᠨ ᠥᠷᠯᠥᠭ ᠲᠠᠢᠪᠤᠤ ᠰᠢᠷᠢ ᠬᠤᠲᠤᠭ ᠤ᠋ᠨ ᠬᠣᠶᠠᠷ ᠬᠥᠪᠡᠭᠦᠨ ᠳᠤᠮᠳᠠᠳᠤ ᠵᠠᠮ ᠤ᠋ᠨ ᠵᠠᠩᠵᠤᠨ ᠰᠤᠪᠤᠲᠠᠢ᠂ ᠠᠨᠳᠠ ᠠᠬ᠎ᠠ ᠳᠡᠭᠦᠦ ᠬᠣᠶᠠᠭᠤᠯᠠ ᠬᠣᠲᠠᠨ ᠢ᠋ ᠲᠡᠷᠢᠭᠦᠯᠡᠨ ᠳᠠᠪᠠᠵᠤ ᠭᠠᠷᠤᠭᠰᠠᠨ ᠳ᠋ᠤᠷ ᠮᠣᠩᠭᠣᠯ ᠤ᠋ᠨ ᠴᠡᠷᠢᠭ ᠰᠢᠷᠣᠢ ᠶ᠋ᠢᠨ ᠤᠭᠤᠲᠠ ᠶ᠋ᠢᠨ ᠭᠢᠰᠬᠢᠭᠦᠷ ᠬᠢᠵᠦ ᠴᠥᠮ ᠬᠣᠲᠠᠨ ᠳ᠋ᠤᠷ ᠠᠪᠠᠷᠢᠭᠠᠳ ᠨᠢᠭᠡᠨᠲᠡ ᠬᠠᠷᠠᠢᠨ ᠣᠷᠣᠭᠰᠠᠨ ᠳ᠋ᠤᠷ ᠭᠤᠸᠠᠨ ᠵᠧᠦ ᠬᠣᠲᠠᠨ ᠢ᠋ ᠰᠠᠬᠢᠬᠤ ᠴᠡᠷᠢᠭ ᠬᠠᠮᠠᠭᠠᠯᠠᠨ ᠴᠢᠳᠠᠬᠤ ᠦᠭᠡᠢ ᠪᠡᠨ ᠮᠡᠳᠡᠭᠡᠳ ᠬᠣᠲᠠᠨ ᠤ᠋ ᠬᠠᠭᠠᠯᠭ᠎ᠠ ᠶ᠋ᠢ ᠭᠠᠷᠴᠤ ᠳᠤᠲᠠᠭᠠᠨ ᠶᠠᠭᠠᠷᠠᠨ ᠸᠠᠨ ᠶᠠᠨ ᠵᠢᠶᠣᠤ ᠶ᠋ᠢᠨ ᠦ᠌ ᠶᠡᠬᠡ ᠬᠦᠷᠢᠶ᠎ᠡ ᠳ᠋ᠦ᠍ᠷ ᠡᠴᠢᠭᠰᠡᠨ ᠳ᠋ᠦ᠍ᠷ ᠸᠠᠨ ᠶᠠᠨ ᠵᠢᠶᠣᠤ ᠶ᠋ᠢᠨ ᠶᠡᠬᠡᠯ᠎ᠡ ᠵᠣᠪᠠᠵᠤ᠂ ᠭᠤᠴᠢᠨ ᠲᠦᠮᠡᠨ ᠴᠡᠷᠢᠭ ᠢ᠋ᠶ᠋ᠡᠷ ᠬᠣᠲᠠ ᠪᠠᠯᠭᠠᠳ ᠢ᠋ ᠬᠠᠮᠠᠭᠠᠯᠠᠷ᠎ᠠ ᠢᠷᠡᠬᠦᠢ ᠳ᠋ᠦ᠍ᠷ ᠵᠠᠩᠵᠤᠨ ᠰᠢᠮᠦ ᠮᠢᠩᠭᠠᠨ ᠳ᠋ᠤᠷ ᠠᠭᠤᠷᠯᠠᠵᠤ ᠥᠭᠦᠯᠡᠷᠦᠨ :《ᠤᠷᠢᠳᠠ ᠬᠠᠭᠠᠨ ᠴᠢᠮᠠᠶ᠋ᠢ ᠮᠣᠩᠭᠣᠯ ᠤᠯᠤᠰ ᠲᠤᠷ ᠡᠯᠴᠢ ᠪᠣᠯᠭᠠᠨ ᠵᠠᠷᠤᠳᠠᠭ ᠲᠤᠯᠠ ᠮᠣᠩᠭᠣᠯ ᠤ᠋ᠨ ᠡᠵᠡᠨ ᠴᠢᠩᠭᠢᠰ ᠬᠠᠭᠠᠨ ᠢ᠋ ᠴᠢ ᠲᠠᠨᠢᠮᠤᠢ᠃ ᠴᠢ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠭᠡᠳ ᠮᠣᠩᠭᠣᠯ ᠣᠨᠴᠠ ᠮᠠᠨ ᠢ᠋ ᠳᠠᠷᠤᠯᠠᠨ ᠳᠠᠢᠯᠠᠵᠤ ᠴᠡᠷᠢᠭᠯᠡᠭᠰᠡᠨ ᠢᠨᠤ ᠡᠭᠡᠨᠡᠭᠲᠡ ᠶᠠᠭᠤᠨ ᠤ᠋ ᠰᠢᠯᠲᠠᠭᠠᠨ ᠢ᠋ᠶ᠋ᠠᠷ ᠡᠨᠡ ᠮᠡᠲᠦ ᠭᠦᠨ ᠬᠣᠷᠣᠰᠤᠯᠳᠤ ᠪᠣᠯᠤᠭᠠᠳ ᠮᠠᠨ ᠤ᠋ ᠤᠯᠤᠰ ᠬᠡᠳᠦᠨ ᠤᠳᠠᠭ᠎ᠠ ᠡᠶᠡᠳᠡᠬᠦ ᠶ᠋ᠢ ᠭᠣᠶᠣᠲᠠᠯ᠎ᠠ ᠦᠯᠦ ᠪᠣᠯᠬᠤ ᠠᠨᠤ ᠶᠠᠭᠤᠨ ᠭᠡᠮᠡᠨ ᠰᠠᠢᠬᠠᠨ ᠠᠰᠠᠭᠤᠵᠤ ᠢᠷ᠎ᠡ᠂ ᠬᠡᠷᠪᠡ ᠶᠣᠰᠣ ᠡᠰᠡ ᠬᠡᠯᠡᠪᠡᠰᠦ ᠲᠡᠭᠦᠨ ᠦ᠌ ᠲᠥᠷᠥ ᠳ᠋ᠦ᠍ᠷ ᠠᠨᠤ ᠰᠠᠢᠲᠤᠷ ᠬᠠᠷᠢᠶᠠᠵᠤ ᠢᠴᠢᠭᠡᠭᠲᠦᠨ᠂ ᠮᠣᠩᠭᠣᠯ ᠬᠡᠷᠬᠢᠪᠡᠴᠦ ᠭᠡᠮᠡᠨ ᠭᠠᠭᠴᠠ ᠡᠯᠴᠢ ᠶ᠋ᠢ ᠦᠯᠦ ᠠᠯᠠᠮᠤᠢ ! 》ᠬᠡᠮᠡᠭᠰᠡᠨ ᠳ᠋ᠦ᠍ᠷ ᠰᠢᠮᠤ ᠮᠢᠩᠭᠠᠨ ᠤᠭ ᠠ᠋ᠴᠠ ᠸᠠᠨ ᠶᠠᠨ ᠵᠢᠶᠣᠤ ᠶ᠋ᠢᠨ ᠳ᠋ᠦ᠍ᠷ ᠨᠡᠢᠰ ᠦᠭᠡᠢ᠂ ᠣᠨᠴᠠ ᠲᠡᠭᠦᠨ ᠢ᠋ ᠲᠦᠭᠰᠢᠯᠲᠡᠢ ᠠᠯᠪᠠ ᠳ᠋ᠤᠷ ᠵᠠᠷᠤᠬᠤ ᠲᠤᠯᠠ ᠡᠨᠳᠡ ᠪᠠᠢᠪᠠᠴᠤ ᠡᠴᠦᠰ ᠲᠦ᠍ᠷ ᠡᠭᠦᠨ ᠦ᠌ ᠬᠣᠣᠷ ᠢ᠋ ᠡᠳ᠋ᠯᠡᠮᠦᠢ ᠭᠡᠮᠡᠨ ᠪᠣᠳᠣᠨ ᠲᠣᠭᠲᠠᠭᠠᠳ ᠵᠠᠬᠢᠶ᠎ᠠ ᠬᠦᠯᠢᠶᠡᠨ ᠳᠣᠲᠣᠷ᠎ᠠ ᠪᠠᠨ ᠰᠡᠮᠡᠬᠡᠷ ᠵᠢᠬᠡᠭᠦᠨ ᠢ᠋ᠶ᠋ᠡᠷ ᠢᠨᠢᠶᠡᠨ ᠭᠠᠷᠴᠤ ᠢᠷᠡᠮᠡᠭᠴᠡ ᠶᠠᠭᠠᠷᠠᠨ ᠬᠥᠮᠦᠨ ᠳᠣᠪᠲᠣᠯᠭᠠᠨ ᠥᠪᠡᠷ ᠦ᠋ᠨ ᠡᠮ᠎ᠡ ᠦᠷ᠎ᠡ ᠪᠡᠨ ᠪᠤᠰᠤ ᠭᠠᠵᠠᠷ ᠳᠡᠪᠰᠢᠭᠦᠯᠵᠦ᠂ ᠥᠪᠡᠷ ᠢ᠋ᠶ᠋ᠡᠨ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠭᠠᠭᠴᠠ ᠬᠠᠷᠢᠶᠠᠬᠤᠢ ᠳ᠋ᠤᠷ ᠮᠤᠬᠤᠯᠢ ᠢᠨᠢᠶᠡᠵᠦ ᠳᠡᠭᠡᠭᠰᠢ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠤᠷᠤᠭᠤᠯ ᠭᠡᠮᠡᠨ ᠬᠦᠯᠢᠵᠦ ᠣᠷᠣᠭᠤᠯᠤᠨ ᠰᠥᠭᠥᠳᠬᠡᠵᠦ ᠮᠦᠰᠢᠶᠡᠨ ᠠᠰᠠᠭᠤᠷᠤᠨ : 《ᠴᠢ ᠨᠢᠭᠡᠨ ᠰᠢᠷᠭᠤᠯᠵᠢ ᠮᠡᠲᠦ ᠪᠣᠭᠣᠯ ᠪᠠᠢᠨ ᠪᠠᠢᠨ ᠮᠠᠭᠤ ᠡᠮᠡᠰ ᠲᠣᠷ ᠠᠳᠠᠯᠢ ᠴᠡᠷᠢᠭ ᠦ᠋ᠨ ᠬᠦᠷᠢᠶ᠎ᠡ ᠶ᠋ᠢᠨ ᠡᠮᠦᠨ᠎ᠡ ᠢᠷᠡᠵᠦ ᠮᠠᠭᠤ ᠦᠭᠡ ᠪᠡᠷ ᠶᠠᠩᠰᠢᠬᠤ ᠠᠨᠤ ᠶᠠᠭᠤᠨ ? 》 ᠬᠡᠮᠡᠭᠰᠡᠨ ᠳ᠋ᠦ᠍ᠷ ᠰᠢᠮᠦ ᠮᠢᠩᠭᠠᠨ ᠮᠥᠷᠭᠥᠵᠦ ᠠᠢᠯᠠᠳᠬᠠᠷᠤᠨ : 《ᠪᠣᠭᠣᠯ ᠪᠢ ᠠᠩᠬ᠎ᠠ ᠤᠳᠠᠭ᠎ᠠ ᠶᠤᠸᠠᠨᠱᠤᠸᠠᠢ ᠨᠠᠮᠠᠶ᠋ᠢ ᠡᠨᠳᠡ  ᠬᠠᠷᠢᠶᠠᠯᠭᠠᠷ᠎ᠠ ᠵᠠᠷᠤᠭᠰᠠᠨ ᠢ᠋ ᠪᠢ ᠦᠬᠦᠰᠦᠭᠡᠢ ᠭᠡᠮᠡᠨ ᠬᠠᠷᠢᠶᠠᠪᠠ᠃ ᠲᠡᠷᠡ ᠤᠳᠠᠭ᠎ᠠ ᠬᠠᠭᠠᠨ ᠤ᠋ ᠭᠡᠭᠡᠨ ᠢ᠋ ᠦᠵᠡᠭᠡᠳ ᠮᠢᠨᠦ ᠳᠣᠲᠣᠷ᠎ᠠ ᠳᠠᠭᠠᠰᠤᠭᠠᠢ ᠭᠡᠮᠡᠨ ᠰᠡᠳᠬᠢᠭᠰᠡᠨ ᠪᠥᠯᠥᠭᠡ᠂ ᠲᠡᠢᠨ ᠠᠲᠠᠯ᠎ᠠ ᠮᠠᠨ ᠤ᠋ ᠶᠤᠸᠠᠨᠱᠤᠸᠠᠢ ᠡᠳᠦᠭᠡ ᠪᠠᠰᠠ ᠬᠠᠷᠢᠶᠠᠷ᠎ᠠ ᠡᠴᠢ ᠬᠡᠮᠡᠬᠦᠢ ᠳ᠋ᠦ᠍ᠷ ᠪᠣᠭᠣᠯ ᠪᠢ ᠮᠥᠨ ᠬᠠᠷᠢᠶᠠᠷ᠎ᠠ ᠢᠷᠡᠭᠡᠳ ᠬᠡᠷᠪᠡ ᠡᠰᠡ ᠠᠯᠠᠪᠠᠰᠤ ᠦᠨᠡᠨ ᠰᠡᠳᠬᠢᠯ ᠡᠴᠡ ᠪᠡᠨ ᠳᠠᠭᠠᠰᠤᠭᠠᠢ ᠬᠡᠮᠡᠭᠰᠡᠨ ᠪᠥᠯᠥᠭᠡ᠃ ᠪᠣᠭᠣᠯ ᠮᠢᠨᠦ ᠠᠩᠬ᠎ᠠ ᠤᠳᠠᠭ᠎ᠠ ᠦᠬᠦᠬᠦ ᠪᠡᠨ ᠡᠷᠢᠵᠦ ᠬᠠᠷᠢᠶᠠᠭᠰᠠᠨ ᠠᠨᠤ ᠤᠯᠤᠰ ᠤ᠋ᠨ ᠲᠥᠯᠥᠭᠡ ᠪᠥᠯᠥᠭᠡ᠃ ᠡᠨᠡ ᠤᠳᠠᠭ᠎ᠠ ᠦᠬᠦᠬᠦ ᠪᠡᠨ ᠡᠷᠢᠵᠦ ᠬᠠᠷᠢᠶᠠᠭᠰᠠᠨ ᠠᠨᠤ ᠬᠠᠭᠠᠨ ᠤ᠋ ᠭᠡᠭᠡᠨ ᠦ᠌ ᠠᠯᠲᠠᠨ ᠭᠡᠷᠡᠯ ᠳ᠋ᠦ᠍ᠷ ᠪᠠᠷᠠᠯᠬᠠᠵᠤ ᠬᠡᠳᠦᠨ ᠦᠭᠡ ᠮᠡᠳᠡᠭᠦᠯᠵᠦ ᠶᠡᠬᠡ ᠦᠢᠯᠡ ᠶ᠋ᠢ ᠪᠦᠲᠦᠭᠡᠰᠦᠭᠡᠢ ᠬᠡᠮᠡᠭᠰᠡᠨ ᠪᠥᠯᠥᠭᠡ᠃ ᠬᠠᠭᠠᠨ ᠤ᠋ ᠭᠡᠭᠡᠨ ᠢ᠋ ᠦᠵᠡᠭᠰᠡᠨ ᠳ᠋ᠡᠭᠡᠨ ᠪᠣᠭᠣᠯ ᠪᠢ ᠬᠠᠭᠠᠨ ᠳ᠋ᠤᠷ ᠳᠠᠭᠠᠰᠤᠭᠠᠢ ᠬᠡᠮᠡᠭᠰᠡᠨ ᠰᠠᠨᠠᠭ᠎ᠠ ᠪᠥᠯᠥᠭᠡ᠂ ᠨᠡᠩ ᠪᠠᠰᠠ ᠮᠠᠨ ᠤ᠋ ᠤᠯᠤᠰ ᠤ᠋ᠨ ᠵᠠᠩᠵᠤᠨ ᠴᠡᠷᠢᠭ ᠠᠯᠲᠠᠨ ᠤᠯᠤᠰ ᠤ᠋ᠨ ᠬᠠᠭᠤᠷᠮᠠᠴᠢ ᠳ᠋ᠤᠷ ᠰᠡᠳᠬᠢᠯ ᠬᠠᠨᠳᠤᠵᠤ᠂ ᠪᠠᠰᠠ ᠭᠣᠣ ᠪᠦᠦ ᠢᠦᠢ ᠡᠴᠡ ᠡᠵᠡᠨ ᠪᠣᠭᠳᠠ ᠴᠢᠨᠦ ᠦᠨᠡᠨ ᠥᠷᠥᠰᠢᠶᠡᠯ ᠢ᠋ ᠰᠣᠨᠣᠰᠴᠤ ᠴᠣᠬᠣᠮ ᠲᠠᠨ ᠤ᠋ ᠰᠠᠢᠨ ᠰᠠᠨᠠᠭᠠᠨ ᠢ᠋ ᠦᠵᠡᠬᠦᠯ᠎ᠡ ᠯᠠᠪ ᠲᠡᠭᠷᠢ ᠶ᠋ᠢᠨ ᠴᠠᠭ ᠪᠣᠯᠪᠠ ᠬᠡᠮᠡᠯᠳᠦᠮᠦᠢ᠃ 》ᠡᠭᠦᠨ ᠳ᠋ᠦ᠍ᠷ ᠬᠠᠭᠠᠨ ᠤ᠋ ᠭᠡᠭᠡᠨ ᠰᠢᠮᠦ ᠮᠢᠩᠭᠠᠨ ᠤ᠋ ᠰᠡᠳᠬᠢᠯ ᠴᠢᠩ ᠦᠨᠡᠨ ᠪᠣᠯᠤᠭᠰᠠᠨ ᠢ᠋ ᠮᠡᠳᠡᠵᠦ ᠶᠠᠭᠠᠷᠠᠨ ᠬᠦᠯᠢᠶᠡᠰᠦᠨ ᠢ᠋ ᠢᠨᠦ ᠲᠠᠢᠯᠤᠭᠤᠯᠵᠤ ᠵᠠᠷᠯᠢᠭ ᠪᠣᠯᠤᠨ ᠠᠰᠠᠭᠤᠷᠤᠨ : 《ᠴᠢ ᠨᠠᠳᠠ ᠳ᠋ᠤᠷ ᠳᠠᠭᠠᠭᠠᠳ ᠴᠢᠨᠦ ᠭᠡᠷ ᠦ᠋ᠨ ᠠᠮᠠᠨ ᠴᠥᠮ ᠠᠯᠲᠠᠨ ᠤᠯᠤᠰ ᠲᠤᠷ ᠠᠯᠠᠭᠳᠠᠬᠤ ᠦᠭᠡᠢ ᠦᠦ ? 》 ᠬᠡᠮᠡᠭᠰᠡᠨ ᠳ᠋ᠦ᠍ᠷ ᠰᠢᠮᠦ ᠮᠢᠩᠭᠠᠨ ᠠᠢᠯᠠᠳᠬᠠᠷᠤᠨ : 《ᠪᠣᠭᠣᠯ ᠪᠢ ᠭᠠᠷᠴᠤ ᠢᠷᠡᠬᠦ ᠳ᠋ᠡᠭᠡᠨ ᠬᠡᠳᠦᠢᠨᠡᠢ ᠬᠥᠮᠦᠨ ᠳᠣᠪᠲᠣᠯᠭᠠᠨ ᠠᠪᠤᠭᠤᠯᠤᠷ᠎ᠠ ᠶᠠᠪᠤᠭᠤᠯᠪᠠ᠃ ᠯᠠᠪ ᠦᠯᠦ ᠨᠣᠴᠣᠭᠳᠠᠮᠤᠢ᠂ ᠬᠠᠭᠠᠨ ᠡᠵᠡᠨ ᠲᠦᠰᠢᠮᠡᠯ ᠦ᠋ᠨ ᠲᠥᠯᠥᠭᠡ ᠡᠨᠡ ᠮᠡᠲᠦ ᠪᠣᠳᠣᠬᠤ ᠠᠨᠤ ᠦᠨᠡᠬᠡᠷ ᠳᠣᠲᠤᠷᠬᠠᠶ᠎ᠠ ᠲᠡᠭᠷᠢ ᠶ᠋ᠢᠨ ᠬᠥᠪᠡᠭᠦᠨ ᠦ᠌ ᠤᠯᠠᠭᠠᠨ ᠵᠢᠷᠦᠬᠡ !》ᠭᠡᠮᠡᠨ ᠶᠠᠭᠠᠷᠠᠨ ᠪᠠᠷᠠᠭᠤᠨ ᠮᠥᠷᠥ ᠪᠡᠨ ᠡᠰᠬᠡᠵᠦ ᠴᠢᠰᠤ ᠭᠠᠷᠭᠠᠨ ᠰᠠᠴᠤᠵᠤ ᠲᠠᠩᠭᠠᠷᠢᠭᠯᠠᠭᠰᠠᠨ ᠳ᠋ᠤᠷ ᠬᠠᠭᠠᠨ ᠪᠠ ᠮᠤᠬᠤᠯᠢ ᠶᠡᠬᠡᠯ᠎ᠡ ᠪᠠᠶᠠᠷᠯᠠᠨ᠂ ᠳᠠᠷᠤᠢ ᠳ᠋ᠦᠲ᠋ᠦᠩ ᠴᠣᠯᠠ ᠥᠭᠴᠦ ᠪᠤᠯᠤ᠂ ᠰᠤᠷᠲᠠᠯᠲᠤ᠂ ᠡᠭᠦᠯᠡᠨ ᠴᠡᠷᠪᠢ᠂ ᠪᠣᠯᠭᠤᠲᠠᠢ ᠨᠠᠷ ᠢ᠋ ᠬᠠᠭᠠᠨ ᠳᠠᠯᠳᠠ ᠰᠤᠷᠭᠠᠨ ᠤᠬᠠᠭᠠᠯᠤᠨ ᠳᠠᠷᠤᠢ ᠬᠣᠶᠠᠷ ᠲᠦᠮᠡᠨ ᠴᠡᠷᠢᠭ ᠥᠭᠴᠦ ᠰᠢᠮᠦ ᠮᠢᠩᠭᠠᠨ ᠳ᠋ᠤᠷ ᠲᠤᠰᠢᠶᠠᠭᠠᠳ ᠶᠦᠨ ᠵᠦᠩ ① ᠦ᠋ᠨ ᠵᠡᠭᠦᠨ ᠪᠠᠷᠠᠭᠤᠨ ᠬᠣᠶᠠᠷ ᠭᠠᠵᠠᠷ ᠢ᠋ ᠲᠣᠭᠲᠠᠭᠠᠨᠳᠤᠨ ᠭᠡᠮᠡᠨ ᠲᠤᠰᠢᠶᠠᠵᠤ᠂ ᠰᠢᠮᠦ ᠮᠢᠩᠭᠠᠨ ᠢ᠋ ᠲᠡᠩᠰᠡᠰᠦᠭᠡᠢ ᠭᠡᠮᠡᠨ ᠶᠡᠬᠡ ᠴᠡᠷᠢᠭ ᠡᠭᠡᠰᠦᠭᠡᠢ ᠬᠡᠮᠡᠬᠦᠢ ᠳ᠋ᠦ᠍ᠷ ᠰᠢᠮᠤ ᠮᠢᠩᠭᠠᠨ ᠶᠠᠭᠠᠷᠠᠨ ᠢᠷᠡᠵᠦ ᠮᠤᠬᠤᠯᠢ ᠳ᠋ᠤᠷ ᠮᠡᠳᠡᠭᠦᠯᠦᠷᠦᠨ : 《ᠠᠯᠲᠠᠨ ᠤᠯᠤᠰ ᠬᠠᠷᠭᠢᠰ ᠬᠠᠷᠠᠩᠭᠤᠢ ᠪᠣᠯᠵᠤ ᠳᠡᠯᠡᠬᠡᠢ ᠳ᠋ᠠᠬᠢᠨ ᠤ᠋ ᠰᠡᠳᠬᠢᠯ ᠢ᠋ ᠨᠢᠭᠡᠨᠲᠡ ᠠᠯᠳᠠᠵᠤ ᠴᠡᠷᠢᠭ ᠢᠷᠭᠡᠨ ᠵᠦᠴᠦᠭᠡ ᠳᠠᠭᠤᠤ ᠮᠡᠲᠦ ᠶᠠᠪᠤᠬᠤ ᠪᠣᠯᠠᠢ᠃ ᠡᠳᠦᠭᠡ ᠶᠡᠬᠡ ᠴᠡᠷᠢᠭ ᠬᠡᠷᠪᠡ ᠡᠭᠡᠪᠡᠰᠦ ᠠᠯᠲᠠᠨ ᠤᠯᠤᠰ ᠭᠡᠨᠡᠳᠲᠡ ᠰᠠᠢᠨ ᠬᠥᠮᠦᠨ ᠢ᠋ ᠣᠯᠵᠤ ᠬᠡᠷᠡᠭᠯᠡᠪᠡᠰᠦ ᠣᠳᠣ ᠣᠯᠬᠤᠢ ᠳ᠋ᠤᠷ ᠪᠡᠷᠬᠡ ᠪᠣᠯᠤᠮᠤ᠃ ᠠᠯᠲᠠᠨ ᠤᠯᠤᠰ ᠤ᠋ᠨ ᠶᠡᠬᠡ ᠮᠣᠵᠢ ᠨᠡᠢᠲᠡ ᠠᠷᠪᠠᠨ ᠳᠣᠯᠣᠭᠠᠨ ᠪᠣᠢ᠂ ᠡᠳᠦᠭᠡ ᠮᠠᠨ ᠤ᠋ ᠣᠯᠤᠭᠰᠠᠨ ᠠᠨᠤ ᠶᠦᠨ ᠵᠦᠩ ᠦ᠋ᠨ ᠵᠡᠭᠦᠨ ᠪᠠᠷᠠᠭᠤᠨ ᠬᠣᠶᠠᠷ ᠮᠣᠵᠢ ᠠ᠋ᠴᠠ ᠬᠡᠲᠦᠷᠡᠬᠦ ᠦᠭᠡᠢ᠂ ᠡᠨᠡ ᠲᠠᠰᠢᠷᠠᠮ ᠳ᠋ᠤᠷ ᠬᠡᠷᠪᠡ ᠤᠷᠤᠭᠰᠢᠯᠠᠨ ᠡᠰᠡ ᠪᠠᠢᠯᠳᠤᠨ ᠣᠷᠣᠪᠠᠰᠤ᠂ ᠠᠯᠲᠠᠨ ᠤᠯᠤᠰ ᠭᠡᠨᠡᠳᠲᠡ ᠨᠢᠭᠡᠨ ᠰᠠᠢᠨ ᠡᠷ᠎ᠡ ᠳ᠋ᠦ᠍ᠷ ᠲᠤᠰᠢᠶᠠᠨ ᠭᠠᠷᠭᠠᠪᠠᠰᠤ᠂ ᠲᠡᠷᠡ ᠠᠷᠭ᠎ᠠ ᠪᠠᠨ ᠣᠯᠵᠤ ᠴᠡᠷᠢᠭ ᠢᠷᠭᠡᠨ ᠦ᠌ ᠰᠡᠳᠬᠢᠯ ᠢ᠋ ᠨᠢᠭᠡᠳᠬᠡᠵᠦ ᠴᠢᠳᠠᠭᠠᠳ ᠬᠠᠯᠬᠠᠯᠠᠨ ᠪᠠᠢᠯᠳᠤᠪᠠᠰᠤ ᠣᠳᠣ ᠠᠯᠲᠠᠨ ᠤᠯᠤᠰ ᠢ᠋ ᠣᠯᠬᠤ ᠠᠨᠤ ᠪᠡᠷᠬᠡ ᠪᠣᠯᠤᠮᠤᠢ᠃ ᠡᠳᠦᠭᠡ ᠠᠭᠤᠯᠠᠨ ᠤ᠋ ᠡᠮᠦᠨᠡᠬᠢ ᠢᠷᠭᠡᠨ ᠤᠳᠠᠲᠠᠯ᠎ᠠ ᠳᠠᠢᠰᠤᠨ ᠢ᠋ ᠦᠵᠡᠭᠡᠳᠦᠢ ᠲᠤᠯᠠ ᠥᠨᠥ ᠶᠡᠬᠡ ᠴᠡᠷᠢᠭ ᠬᠦᠷᠦᠮᠡᠭᠴᠡ ᠭᠠᠵᠠᠷ ᠣᠷᠣᠨ ᠢ᠋ ᠲᠦᠪᠰᠢᠨ ᠭᠠᠵᠠᠷ ᠲᠡᠷᠭᠡ ᠲᠦᠯᠬᠢᠬᠦ ᠮᠡᠲᠦ ᠬᠢᠯᠪᠠᠷ ᠣᠯᠵᠤ ᠪᠣᠯᠤᠮᠤᠢ᠃ ᠡᠳᠦᠭᠡ ᠶᠤᠸᠠᠨᠱᠤᠸᠠᠢ ᠲᠦᠷᠭᠡᠨ ᠬᠠᠭᠠᠨ ᠳ᠋ᠤᠷ ᠠᠢᠯᠠᠳᠬᠠᠵᠤ ᠴᠡᠷᠢᠭ ᠢ᠋ ᠱᠠᠭᠠᠷᠳᠠᠨ ᠤᠷᠤᠭ᠍ᠰᠢ ᠣᠷᠣᠬᠤ ᠶ᠋ᠢ ᠲᠣᠭᠲᠠᠭᠠᠪᠠᠰᠤ ᠵᠣᠬᠢᠮᠤᠢ᠂ ᠬᠡᠷᠪᠡ ᠴᠡᠷᠢᠭ ᠡᠭᠡᠪᠡᠰᠦ ᠬᠡᠳᠦᠢᠴᠢᠨᠡᠭᠡᠨ ᠬᠦᠴᠦᠨ ᠰᠦᠢᠳᠬᠡᠨ ᠴᠢᠷᠮᠠᠢᠪᠠᠴᠤ ᠴᠥᠮ ᠬᠣᠭᠣᠰᠣᠨ ᠪᠣᠯᠤᠮᠤᠢ᠃ ᠶᠠᠭᠤᠨ ᠳ᠋ᠤᠷ ᠲᠡᠭᠷᠢ ᠶ᠋ᠢᠨ ᠰᠠᠨᠠᠭᠠᠨ ᠢ᠋ ᠠᠯᠳᠠᠵᠤ ᠶᠠᠪᠤᠮᠤᠢ ! 》ᠬᠡᠮᠡᠬᠦᠢ ᠳ᠋ᠦ᠍ᠷ ᠮᠤᠬᠤᠯᠢ ᠵᠣᠷᠢᠮᠠᠭ ᠢ᠋ᠶ᠋ᠠᠷ ᠰᠢᠮᠦ ᠮᠢᠩᠭᠠᠨ ᠳ᠋ᠤᠷ ᠶᠡᠬᠡᠯ᠎ᠡ ᠲᠠᠯᠠᠷᠬᠠᠨ ᠰᠠᠢᠰᠢᠶᠠᠵᠤ᠂ ᠲᠡᠭᠦᠨ ᠦ᠌ ᠰᠡᠳᠬᠢᠯ ᠢ᠋ ᠮᠡᠳᠡᠭᠡᠳ ᠵᠢᠴᠢ ᠡᠳᠦᠷ ᠦ᠋ᠨ ᠲᠥᠷᠥ ᠳ᠋ᠦ᠍ᠷ ᠬᠠᠭᠠᠨ ᠳ᠋ᠤᠷ ᠰᠢᠮᠦ ᠮᠢᠩᠭᠠᠨ ᠤ᠋ ᠰᠡᠳᠬᠢᠯ ᠴᠢᠩ ᠦᠨᠡᠨ ᠪᠣᠯᠤᠭᠰᠠᠨ ᠢ᠋ ᠠᠢᠯᠠᠳᠬᠠᠵᠤ᠂ ᠲᠡᠭᠦᠨ ᠦ᠌ ᠦᠭᠡᠰ ᠢ᠋ ᠪᠦᠷᠢᠨ᠎ᠡ ᠠᠢᠯᠠᠳᠬᠠᠭᠰᠠᠨ ᠳ᠋ᠤᠷ ᠬᠠᠭᠠᠨ ᠪᠡᠶᠡᠰᠦᠨ ᠰᠠᠢᠰᠢᠶᠠᠵᠤ᠂ ᠮᠣᠳᠣᠷ ᠢ᠋ᠶ᠋ᠠᠷ ᠠᠷᠢᠬᠢ ᠬᠠᠢᠷᠠᠯᠠᠨ ᠰᠢᠮᠦ ᠮᠢᠩᠭᠠᠨ ᠢ᠋ ᠰᠡᠳᠬᠢᠯ ᠠᠮᠤᠷ ᠢ᠋ᠶ᠋ᠠᠷ ᠥᠪᠡᠷ ᠦ᠋ᠨ ᠨᠢᠳᠦ ᠪᠡᠷ ᠦᠵᠡᠵᠦ ᠮᠣᠷᠳᠠᠭᠤᠯᠪᠠ᠃ 

– – – – 
①  ᠶᠦᠨ ᠵᠦᠭ ᠬᠡᠮᠡᠭᠴᠢ ᠳ᠋ᠠᠢ ᠲᠦᠩ ᠦ᠋ᠨ ᠭᠠᠵᠠᠷ ᠪᠣᠢ᠃

       ᠲᠡᠨᠳᠡᠴᠡ ᠡᠨᠡ ᠵᠢᠯ ᠦ᠋ᠨ ᠵᠤᠨ ᠰᠥᠩ ᠤᠯᠤᠰ ᠤ᠋ᠨ ᠲᠠᠢ ᠮᠢᠶᠣᠤ ᠳ᠋ᠤᠷ ᠠᠶᠤᠩᠭ᠎ᠠ ᠪᠠᠭᠤᠵᠤ᠂ ᠭᠡᠷ ᠪᠠᠷᠠᠭ᠎ᠠ ᠪᠤᠷᠬᠠᠨ ᠰᠠᠬᠢᠭᠤᠯᠰᠤᠨ ᠥᠴᠦᠬᠡᠨ ᠢ᠋ᠶ᠋ᠡᠷ ᠦᠯᠡᠳᠡᠭᠰᠡᠨ ᠦᠭᠡᠢ ᠬᠡᠮᠬᠡᠷᠡᠪᠡᠢ᠃ 
       ᠲᠡᠨᠳᠡᠴᠡ ᠰᠢᠮᠦ ᠮᠢᠩᠭᠠᠨ ᠬᠣᠶᠠᠷ ᠲᠦᠮᠡᠨ ᠴᠡᠷᠢᠭ ᠳᠥᠷᠪᠡᠨ ᠪᠠᠭᠠᠲᠤᠷ ᠵᠠᠩᠵᠤᠨ ᠢ᠋ ᠠᠪᠴᠤ ᠶᠠᠪᠤᠬᠤᠶ᠎ᠠ ᠡᠯ᠎ᠡ ᠲᠠᠷᠢᠶᠠᠨ ᠭᠠᠵᠠᠷ ᠪᠦᠬᠦᠨ ᠦ᠌ ᠢᠷᠭᠡᠨ ᠡᠭᠦᠳᠡ ᠪᠦᠷᠢ ᠳ᠋ᠦ᠍ᠷ ᠬᠦᠵᠢ ᠰᠢᠲᠠᠭᠠᠨ ᠵᠠᠮ ᠵᠡᠭᠡᠯᠢ ᠳ᠋ᠦ᠍ᠷ ᠮᠠᠯᠤ ᠳ᠋ᠤᠷ ᠴᠠᠢ ᠠᠷᠢᠬᠢ᠂ ᠰᠠᠭᠰᠤᠨ ᠳ᠋ᠤᠷ ᠮᠢᠬ᠎ᠠ ᠪᠣᠭᠣᠷᠰᠣᠭ ᠬᠢᠵᠦ᠂ ᠴᠡᠷᠢᠭ ᠢ᠋ ᠤᠭᠲᠤᠨ ᠬᠦᠨᠡᠰᠦ ᠪᠠᠷᠢᠵᠤ ᠲᠤᠰᠠᠯᠠᠮᠤᠢ᠃ ᠰᠢᠮᠦ ᠮᠢᠩᠭᠠᠨ ᠬᠠᠭᠠᠨ ᠤ᠋ ᠥᠷᠥᠰᠢᠶᠡᠯ ᠨᠢᠭᠦᠯᠡᠰᠬᠦᠢ ᠶ᠋ᠢ ᠶᠡᠬᠡᠯ᠎ᠡ ᠪᠠᠳᠠᠷᠠᠭᠤᠯᠤᠨ᠂ ᠠᠮᠤ ᠡᠳ᠋ ᠢ᠋ ᠢᠷᠭᠡᠨ ᠳ᠋ᠦ᠍ᠷ ᠲᠦᠭᠡᠭᠡᠨ ᠶᠠᠪᠤᠵᠤ ᠭᠠᠵᠠᠷ ᠣᠷᠣᠨ ᠢ᠋ ᠡᠯᠰᠡᠬᠦᠢ ᠳ᠋ᠦ᠍ᠷ ᠠᠯᠲᠠᠨ ᠤᠯᠤᠰ ᠤ᠋ᠨ ᠣᠳᠣᠨ ᠴᠧᠩᠰᠢᠶᠠᠩ ᠴᠡᠷᠢᠭ ᠢ᠋ᠶ᠋ᠡᠷ ᠣᠯᠠᠨ ᠵᠧᠦ ᠵᠢᠶᠦ᠋ᠨ ᠢ᠋ ᠬᠠᠮᠠᠭᠠᠯᠠᠷ᠎ᠠ ᠮᠣᠷᠳᠠᠪᠠ᠃ ᠡᠨᠡ ᠦᠶ᠎ᠡ ᠳ᠋ᠦ᠍ᠷ ᠬᠠᠭᠠᠨ ᠤ᠋ ᠭᠡᠭᠡᠨ ᠤᠷᠤᠭ᠍ᠰᠢ ᠣᠷᠣᠵᠤ ᠰᠢᠦᠸᠠᠨ ᠳᠧ ᠹᠦ ᠶ᠋ᠢ ᠨᠢᠭᠡᠨᠲᠡ ᠪᠠᠢᠯᠳᠤᠵᠤ ᠠᠪᠤᠭᠠᠳ ᠳᠠᠷᠤᠢ ᠳᠠᠭᠠᠯᠳᠤᠭ᠎ᠠ ᠪᠠᠷ ᠳᠠ ᠰᠢᠩ ᠹᠦ ᠶ᠋ᠢ ᠪᠠᠢᠯᠳᠤᠮᠤᠢ᠃ ᠰᠢᠷᠣᠢ ᠶ᠋ᠢᠨ ᠬᠣᠲᠠ ᠴᠣᠭᠴᠠᠯᠠᠭᠤᠯᠤᠨ᠂ ᠬᠣᠲᠠᠨ ᠢ᠋ ᠳᠠᠪᠠᠰᠤᠭᠠᠢ ᠬᠡᠮᠡᠬᠦᠯ᠎ᠡ᠂ ᠳᠡ ᠰᠢᠩ ᠹᠦ ᠶ᠋ᠢᠨ ᠴᠢᠯᠠᠭᠤ ᠮᠣᠳᠣ ᠪᠠᠷ ᠥᠩᠬᠥᠷᠢᠭᠦᠯᠬᠦ ᠪᠠ ᠵᠡᠪᠡ ᠰᠤᠮᠤ ᠪᠠᠷ ᠬᠠᠷᠪᠤᠬᠤ ᠠᠨᠤ ᠮᠠᠰᠢ ᠬᠡᠴᠡᠭᠦᠦ ᠲᠤᠯᠠ ᠬᠠᠭᠠᠨ ᠵᠠᠷᠯᠢᠭ ᠪᠠᠭᠤᠯᠭᠠᠵᠤ :《ᠡᠢᠮᠦ ᠡᠴᠡ ᠠᠶᠤᠪᠠᠰᠤ ᠣᠳᠣ ᠳᠡᠯᠡᠬᠡᠢ ᠳ᠋ᠠᠬᠢᠨ ᠤ᠋ ᠬᠡᠳᠦᠨ ᠲᠦᠮᠡᠨ ᠬᠣᠲᠠᠨ ᠢ᠋ ᠬᠡᠷᠬᠢᠨ ᠪᠠᠢᠯᠳᠤᠨ ᠠᠪᠬᠤ᠂ ᠲᠦᠷᠭᠡᠨ᠎ᠡ ᠬᠠᠯᠬᠠᠪᠴᠢ ᠪᠠᠷᠢᠵᠤ ᠬᠣᠲᠠᠨ ᠳ᠋ᠤᠷ ᠠᠪᠠᠷᠢ᠂ ᠲᠡᠭᠷᠢ ᠮᠢᠨᠦ ᠲᠡᠷᠢᠭᠦᠯᠡᠭᠰᠡᠨ ᠬᠥᠮᠦᠨ ᠢ᠋ ᠦᠯᠦ ᠦᠬᠦᠭᠦᠯᠦᠮᠦᠢ᠂ ᠬᠡᠷᠪᠡ ᠣᠯᠠᠨ ᠵᠠᠩᠵᠤᠨ ᠴᠡᠷᠢᠭ ᠠᠶᠤᠪᠠᠰᠤ ᠪᠢ ᠥᠪᠡᠷ ᠢ᠋ᠶ᠋ᠡᠨ ᠲᠡᠷᠢᠭᠦᠯᠡᠨ ᠠᠪᠠᠷᠢᠰᠤᠭᠠᠢ ! 》ᠬᠡᠮᠡᠭᠰᠡᠨ ᠳ᠋ᠦ᠍ᠷ ᠮᠤᠬᠤᠯᠢ ᠠ᠋ᠴᠠ ᠲᠡᠷᠢᠭᠦᠯᠡᠨ ᠣᠯᠠᠨ ᠢ᠋ᠶ᠋ᠠᠷ ᠴᠥᠮ ᠴᠢᠷᠠᠢ ᠠᠯᠳᠠᠵᠤ ᠶᠠᠭᠠᠷᠠᠨ ᠶᠡᠬᠡ ᠬᠡᠩᠭᠡᠷᠭᠡ ᠶ᠋ᠢ ᠳᠡᠯᠪᠡᠷᠡᠲᠡᠯ᠎ᠡ ᠴᠣᠬᠢᠵᠤ᠂ ᠣᠯᠠᠨ ᠴᠡᠷᠢᠭ ᠴᠤᠭᠠᠷ ᠵᠡᠪᠡ ᠴᠢᠯᠠᠭᠤᠨ ᠤ᠋ ᠡᠰᠡᠷᠭᠦ ᠱᠠᠯᠠᠮᠠᠭᠠᠢᠯᠠᠨ ᠪᠠᠢᠯᠳᠤᠨ ᠣᠷᠣᠵᠤ᠂ ᠤᠳᠠᠭᠰᠠᠨ ᠦᠭᠡᠢ ᠰᠢᠷᠣᠢ ᠶ᠋ᠢᠨ ᠬᠣᠲᠠᠨ ᠤ᠋ ᠳᠡᠭᠡᠭᠦᠷ ᠪᠠᠢᠯᠳᠤᠵᠤ ᠬᠠᠮᠲᠤ ᠪᠠᠷ ᠠᠯᠠᠨ ᠭᠠᠷᠬᠤᠢ ᠳ᠋ᠤᠷ ᠦᠵᠡᠪᠡᠰᠦ ᠬᠠᠭᠠᠨ ᠤ᠋ ᠳᠥᠷᠪᠡᠳᠦᠭᠡᠷ ᠲᠠᠢᠽᠢ ᠲᠣᠯᠢ᠂ ᠬᠠᠭᠠᠨ ᠤ᠋ ᠬᠦᠷᠭᠡᠨ ᠹᠦ ᠮᠠ᠋ ᠲᠠᠪᠤᠨᠠᠩ ᠴᠡᠴᠡᠭ ᠬᠣᠶᠠᠭᠤᠯᠠ ᠬᠣᠲᠠᠨ ᠳ᠋ᠤᠷ ᠭᠠᠷᠬᠤᠢ ᠳ᠋ᠤᠷ ᠮᠤᠬᠤᠯᠢ ᠶᠡᠬᠡᠯ᠎ᠡ ᠴᠢᠬᠤᠯᠳᠠᠨ ᠪᠠᠰᠠ ᠬᠡᠩᠭᠡᠷᠭᠡ ᠴᠣᠬᠢᠭᠤᠯᠤᠨ ᠣᠯᠠᠨ ᠴᠡᠷᠢᠭ ᠴᠤᠭᠠᠷ ᠱᠠᠯᠠᠮᠠᠭᠠᠢᠯᠠᠨ ᠠᠪᠠᠷᠢᠵᠤ᠂ ᠬᠣᠲᠠᠨ ᠤ᠋ ᠣᠷᠣᠢ ᠳᠡᠭᠡᠷ᠎ᠡ ᠴᠡᠷᠢᠭ ᠦ᠋ᠨ ᠶᠡᠬᠡ ᠬᠠᠭᠠᠰ ᠠᠨᠤ ᠭᠠᠷᠴᠤ ᠬᠣᠲᠠᠨ ᠤ᠋ ᠳᠣᠲᠣᠷ᠎ᠠ ᠵᠡᠪᠡ ᠬᠠᠷᠪᠤᠵᠤ ᠴᠢᠯᠠᠭᠤ ᠴᠣᠬᠢᠬᠤ ᠠᠨᠤ ᠮᠥᠨᠳᠥᠷ ᠣᠷᠣᠬᠤ ᠮᠡᠲᠦ ᠳ᠋ᠦ᠍ᠷ ᠬᠣᠲᠠᠨ ᠤ᠋ ᠴᠡᠷᠢᠭ ᠶᠡᠬᠡᠯ᠎ᠡ ᠰᠠᠮᠠᠭᠤᠷᠠᠬᠤᠶ᠎ᠠ᠂ ᠹᠦ ᠮᠠ᠋ ᠴᠡᠴᠡᠭ᠂ ᠲᠠᠢᠽᠢ ᠲᠣᠯᠢ ᠨᠠᠷ ᠤ᠋ᠨ ᠬᠠᠮᠢᠶᠠᠲᠠᠢ ᠴᠡᠷᠢᠭ ᠬᠠᠭᠠᠯᠭ᠎ᠠ ᠶ᠋ᠢ ᠨᠡᠭᠡᠭᠡᠵᠦ ᠶᠡᠬᠡ ᠴᠡᠷᠢᠭ ᠣᠷᠣᠭᠠᠳ ᠲᠠ ᠰᠢᠩ ᠹᠦ ᠶ᠋ᠢᠨ ᠴᠡᠷᠢᠭ ᠢ᠋ ᠠᠷᠪᠠᠨ ᠬᠤᠪᠢ ᠠ᠋ᠴᠠ ᠨᠠᠢ᠍ᠮᠠᠨ ᠬᠤᠪᠢ ᠶ᠋ᠢ ᠴᠥᠮ ᠠᠯᠠᠪᠠ᠃ ᠡᠨᠡ ᠢᠨᠦ ᠡᠰᠡᠷᠭᠦᠴᠡᠭᠰᠡᠨ ᠶᠠᠯ᠎ᠠ ᠶ᠋ᠢ ᠬᠡᠯᠡᠯᠴᠡᠭᠰᠡᠨ ᠠᠵᠤᠭᠤ᠃ ᠡᠭᠦᠨ ᠳ᠋ᠦ᠍ᠷ ᠮᠤᠬᠤᠯᠢ ᠶᠠᠭᠠᠷᠠᠨ ᠬᠠᠭᠠᠨ ᠳ᠋ᠤᠷ ᠠᠢᠯᠠᠳᠬᠠᠵᠤ᠂ ᠲᠠᠢᠽᠢ᠂ ᠹᠦ ᠮᠠ᠋ ᠨᠠᠷ ᠢ᠋ ᠴᠠᠭᠠᠵᠠᠯᠠᠨ ᠵᠣᠭᠰᠣᠭᠠᠲᠠᠯ᠎ᠠ ᠬᠣᠲᠠ ᠶ᠋ᠢᠨ ᠴᠡᠷᠢᠭ ᠮᠥᠨ ᠠᠯᠠᠭᠳᠠᠨ ᠪᠠᠷᠠᠵᠤᠬᠤᠢ᠃  ᠲᠡᠳᠦᠢ ᠮᠣᠩᠭᠣᠯ ᠤ᠋ᠨ ᠴᠡᠷᠢᠭ ᠳᠡ ᠰᠢᠶᠠᠩ ᠹᠦ ᠶ᠋ᠢᠨ ᠬᠠᠷᠢᠶᠠᠲᠤ ᠭᠠᠵᠠᠷ ᠢ᠋ ᠳᠠᠢᠯᠠᠨ ᠬᠤᠷᠢᠶᠠᠮᠵᠢᠯᠠᠵᠤ᠂ ᠬᠣᠢᠲᠤ ᠵᠠᠮ ᠢ᠋ᠶ᠋ᠠᠷ ᠪᠠᠷᠠᠭᠤᠱᠢ ᠢᠷᠡᠵᠦ᠂ ᠲᠠᠪᠤᠨ ᠰᠠᠷ᠎ᠠ ᠳ᠋ᠤᠷ ᠠᠯᠲᠠᠨ ᠤ᠋ ᠦ ᠳ᠋ᠦᠨ ᠵᠢᠶᠠᠩ ᠨᠡᠷᠡᠲᠦ ᠶᠤᠸᠠᠨᠱᠤᠸᠠᠢ ᠶ᠋ᠢᠨ ᠥᠮᠥᠭᠯᠡᠷ᠎ᠡ ᠢᠷᠡᠬᠦ ᠴᠡᠷᠢᠭ ᠲᠦ᠍ᠷ ᠤᠴᠠᠷᠠᠭᠠᠳ ᠲᠠᠢᠽᠦ ᠴᠢᠩᠭᠢᠰ ᠬᠠᠭᠠᠨ ᠴᠡᠷᠢᠭ ᠢ᠋ᠶ᠋ᠡᠷ ᠨᠢ ᠭᠧ ᠺᠧᠦ ᠶ᠋ᠢᠨ ᠠᠮᠠᠨ ᠢ᠋ᠶ᠋ᠠᠷ ᠠᠶᠤᠯᠭᠠᠨ ᠣᠷᠣᠭᠤᠯᠵᠤ᠂ ᠮᠣᠩᠭᠣᠯ ᠤ᠋ᠨ ᠴᠡᠷᠢᠭ ᠠᠭᠤᠯᠠᠨ ᠤ᠋ ᠴᠢᠨᠠᠳᠤ ᠡᠲᠡᠭᠡᠳ ᠦ᠋ᠨ ᠪᠠᠭ᠎ᠠ ᠨᠠᠷᠢᠨ ᠵᠠᠮ ᠤ᠋ᠨ ᠳᠠᠪᠠᠭᠠᠨ ᠳ᠋ᠤᠷ ᠳᠤᠭᠤᠳ ᠭᠣᠣᠯ ᠤ᠋ᠨ ᠳᠣᠲᠣᠷ᠎ᠠ ᠪᠦᠭᠭᠦᠭᠰᠡᠨ ᠴᠡᠷᠢᠭ ᠢ᠋ᠶ᠋ᠡᠷ ᠭᠣᠣᠯ ᠤᠷᠤᠭᠤ ᠳᠠᠷᠤᠨ ᠠᠯᠠᠨ ᠪᠠᠭᠤᠵᠤ ᠢᠷᠡᠭᠰᠡᠨ᠎ᠡ᠂ ᠠᠯᠲᠠᠨ ᠤᠯᠤᠰ ᠤ᠋ᠨ ᠦ ᠳ᠋ᠦᠨ ᠵᠢᠶᠠᠩ ᠶᠡᠬᠡᠯ᠎ᠡ ᠠᠶᠤᠵᠤ ᠡᠨᠡ ᠭᠣᠣᠯ ᠤᠷᠤᠭᠤᠳᠠᠨ ᠨᠢ ᠭᠧ ᠺᠧᠦ ᠶ᠋ᠢᠨ ᠠᠮᠠ ᠳ᠋ᠤᠷ ᠬᠦᠷᠴᠦ ᠢᠷᠡᠲᠡᠯ᠎ᠡ ᠮᠣᠩᠭᠣᠯ ᠤ᠋ᠨ ᠬᠠᠭᠠᠨ ᠤ᠋ ᠭᠡᠭᠡᠨ ᠪᠡᠶ᠎ᠡ ᠪᠡᠷ ᠶᠡᠬᠡ ᠴᠡᠷᠢᠭ ᠢ᠋ ᠠᠪᠤᠨ᠂ ᠨᠢ ᠭᠧ ᠺᠧᠦ ᠶ᠋ᠢᠨ ᠠᠮᠠᠨ ᠢ᠋ ᠪᠦᠭᠭᠦᠵᠦ ᠪᠠᠢᠯᠳᠤᠭᠰᠠᠨ ᠳ᠋ᠤᠷ ᠠᠯᠲᠠᠨ ᠤᠯᠤᠰ ᠤ᠋ᠨ ᠦ ᠳ᠋ᠦᠨ ᠵᠢᠶᠠᠩ ᠶᠡᠬᠡᠯ᠎ᠡ ᠳᠠᠷᠤᠭᠳᠠᠵᠤ ᠴᠡᠷᠢᠭ ᠢ᠋ᠶ᠋ᠡᠨ ᠣᠷᠬᠢᠵᠤ᠂ ᠬᠤᠷᠳᠤᠨ ᠮᠣᠷᠢᠲᠠᠨ ᠬᠡᠳᠦᠨ ᠮᠢᠩᠭᠠᠨ ᠴᠡᠷᠢᠭ ᠢ᠋ ᠠᠪᠴᠤ ᠰᠢ ᠵᠢᠩ ᠦ᠋ᠨ ᠵᠦᠭ ᠪᠤᠷᠤᠭᠤᠯᠠᠨ ᠡᠴᠢᠬᠦᠢ ᠳ᠋ᠦ᠍ᠷ ᠣᠯᠠᠨ ᠴᠡᠷᠢᠭ ᠮᠣᠩᠭᠣᠯ ᠠ᠋ᠴᠠ ᠠᠶᠤᠵᠤ ᠰᠥᠰᠥ ᠬᠡᠮᠬᠡᠷᠡᠭᠰᠡᠨ ᠲᠤᠯᠠ ᠳᠥᠷᠪᠡᠨ ᠵᠦᠭ ᠪᠤᠲᠠᠷᠠᠯᠳᠤᠨ ᠶᠡᠬᠡ ᠬᠠᠭᠠᠰ ᠠᠨᠤ ᠮᠣᠩᠭᠣᠯ ᠳ᠋ᠤᠷ ᠳᠠᠭᠠᠭᠰᠠᠨ ᠢ᠋ ᠮᠤᠬᠤᠯᠢ ᠭᠦᠨ᠎ᠡ ᠥᠷᠥᠰᠢᠶᠡᠨ ᠲᠡᠳᠡᠨ ᠦ᠌ ᠲᠠᠪᠠ ᠳᠤᠷ᠎ᠠ ᠶ᠋ᠢ ᠠᠨᠤ ᠠᠰᠠᠭᠤᠵᠤ ᠴᠡᠷᠢᠭ ᠪᠣᠯᠬᠤ ᠶ᠋ᠢ ᠠᠨᠤ ᠴᠡᠷᠢᠭ ᠪᠣᠯᠭᠠᠵᠤ᠂ ᠳᠤᠷ᠎ᠠ ᠦᠭᠡᠢ ᠶ᠋ᠢ ᠢᠨᠦ ᠲᠠᠷᠢᠶᠠᠯᠠᠩ ᠳ᠋ᠤᠷ ᠡᠭᠡᠭᠦᠯᠬᠦᠢ ᠳ᠋ᠦ᠍ᠷ ᠠᠯᠲᠠᠨ ᠤᠯᠤᠰ ᠤ᠋ᠨ ᠴᠡᠷᠢᠭ ᠶᠡᠬᠡᠯ᠎ᠡ ᠰᠢᠲᠦᠨ ᠪᠢᠰᠢᠷᠡᠵᠦ ᠨᠢᠯᠪᠤᠰᠤ ᠤᠨᠠᠭᠠᠨ ᠳᠠᠭᠠᠭᠰᠠᠨ ᠠᠨᠤ ᠭᠤᠷᠪᠠᠨ ᠲᠦᠮᠡᠨ ᠢᠯᠡᠭᠦᠦ ᠪᠣᠢ᠃ ᠲᠡᠳᠦᠢ ᠣᠯᠠᠨ ᠠᠨᠤ ᠮᠣᠩᠭᠣᠯ ᠤ᠋ᠨ ᠱᠠᠩ ᠬᠡᠰᠢᠭ᠂ ᠬᠦᠨᠳᠦ ᠡᠷᠭᠦᠮᠵᠢᠯᠡᠬᠦ᠂ ᠪᠠᠢᠯᠳᠤᠬᠤ ᠲᠦᠷᠭᠡᠨ ᠢ᠋ ᠣᠯᠠᠨ ᠳ᠋ᠤᠷ ᠠᠯᠳᠠᠷᠰᠢᠭᠤᠯᠤᠭᠰᠠᠨ ᠳ᠋ᠤᠷ ᠠᠯᠲᠠᠨ ᠤᠯᠤᠰ ᠤ᠋ᠨ ᠳᠠᠷᠤᠭᠳᠠᠭᠰᠠᠨ ᠡᠷᠳᠡᠮᠲᠡᠨ ᠶᠠᠳᠠᠩᠭᠢ ᠳ᠋ᠤᠷ ᠭᠠᠴᠢᠭᠳᠠᠵᠤ ᠪᠠᠢᠬᠤ ᠠᠨᠤ ᠴᠥᠮ ᠰᠡᠳᠬᠢᠯ ᠬᠥᠳᠡᠯᠵᠦ ᠳᠠᠭᠠᠬᠤ ᠠᠷᠭ᠎ᠠ ᠶ᠋ᠢ ᠵᠥᠪᠯᠡᠯᠳᠦᠪᠡ᠃ ① ᠨᠢᠭᠡᠨᠲᠡ ᠳᠡᠢᠯᠦᠭᠰᠡᠨ ᠠᠯᠲᠠᠨ ᠤᠯᠤᠰ ᠤ᠋ᠨ ᠰᠢ ᠵᠢᠩ ᠪᠠᠯᠭᠠᠰᠤᠨ ᠢ᠋ ᠠᠯᠲᠠᠨ ᠤᠯᠤᠰ ᠪᠠᠰᠠ ᠲᠦᠰᠢᠮᠡᠯ ᠢᠯᠡᠬᠡᠨ ᠰᠠᠬᠢᠭᠤᠯᠬᠤᠢ ᠳ᠋ᠤᠷ ᠭᠠᠵᠠᠷ ᠤ᠋ᠨ ᠢᠷᠭᠡᠨ ᠶᠠᠭᠠᠷᠠᠨ ᠮᠣᠩᠭᠣᠯ ᠳ᠋ᠤᠷ ᠢᠷᠡᠵᠦ ᠮᠡᠳᠡᠭᠦᠯᠦᠷᠦᠨ :《ᠠᠯᠲᠠᠨ ᠤᠯᠤᠰ ᠰᠢ ᠵᠢᠩ ᠢ᠋ ᠪᠠᠰᠠ ᠲᠦᠰᠢᠮᠡᠯ ᠢᠯᠡᠬᠡᠨ ᠬᠠᠮᠠᠭᠠᠯᠠᠭᠤᠯᠪᠠ᠃ ᠰᠠᠨᠠᠭᠠᠨ ᠠᠨᠤ ᠣᠯᠠᠨ ᠢᠷᠭᠡᠨ ᠢ᠋ ᠬᠢᠬᠠᠵᠤ ᠠᠯᠪᠠ ᠠᠪᠤᠨ ᠭᠠᠢᠯᠢ ᠬᠤᠷᠢᠶᠠᠮᠤᠢ᠃ 》 ᠬᠡᠮᠡᠬᠦᠢ ᠳ᠋ᠦ᠍ᠷ ᠲᠠᠢᠽᠦ ᠴᠢᠩᠭᠢᠰ ᠬᠠᠭᠠᠨ ᠶᠠᠭᠠᠷᠠᠨ ᠲᠠᠪᠤᠨ ᠪᠠᠷᠰ ᠤ᠋ᠨ ᠶᠡᠬᠡ ᠵᠠᠩᠵᠤᠨ ᠨᠠᠷ ᠲᠤᠷ ᠭᠤᠷᠪᠠᠨ ᠲᠦᠮᠡᠨ ᠴᠡᠷᠢᠭ ᠥᠭᠴᠦ ᠰᠢ ᠵᠢᠩ ᠢ᠋ ᠪᠠᠢᠯᠳᠤᠨ ᠬᠠᠭᠠᠪᠠ᠃ ᠰᠢᠮᠦ ᠮᠢᠩᠭᠠᠨ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ᠂ ᠶᠦᠨ ᠵᠦᠩ ᠦ᠋ᠨ ᠵᠡᠭᠦᠨ ᠪᠠᠷᠠᠭᠤᠨ ᠬᠣᠶᠠᠷ ᠮᠣᠵᠢ ᠶ᠋ᠢ ᠲᠦᠪᠰᠢᠳᠬᠡᠵᠦ ᠢᠷᠡᠬᠦᠢ ᠳ᠋ᠦ᠍ᠷ ᠠᠯᠲᠠᠨ ᠤᠯᠤᠰ ᠪᠠᠰᠠ ᠡᠯᠴᠢ ᠵᠠᠷᠤᠵᠤ ᠪᠣᠳᠣᠷᠣᠣᠯ ᠪᠢᠴᠢᠭ ᠪᠠᠷᠢᠭᠤᠯᠵᠤ᠂ ᠮᠣᠩᠭᠣᠯ ᠠ᠋ᠴᠠ ᠬᠣᠭᠣᠰᠣᠨ ᠬᠣᠲᠠ ᠰᠢᠩ ᠵᠢᠩ ᠢ᠋ ᠭᠤᠶᠤᠯᠭᠠᠭᠰᠠᠨ ᠳ᠋ᠤᠷ ᠬᠠᠭᠠᠨ ᠤ᠋ ᠭᠡᠭᠡᠨ ᠳᠠᠷᠤᠢ ᠶᠡᠬᠡ ᠥᠷᠥᠰᠢᠶᠡᠯ ᠢ᠋ᠶ᠋ᠡᠷ ᠬᠡᠯᠲᠦᠷᠢᠭᠦᠯᠵᠦ᠂ ᠲᠡᠳᠡᠨ ᠦ ᠶᠡᠬᠡ ᠡᠯᠴᠢ ᠮᠥᠷᠭᠥᠷ᠎ᠡ ᠢᠷᠡᠬᠦᠢ ᠳ᠋ᠦ᠍ᠷ ᠵᠢᠴᠢ ᠡᠨᠳᠡ ᠡᠴᠡ ᠢᠯᠡᠭᠡᠭᠰᠡᠨ ᠶᠡᠬᠡ ᠡᠯᠴᠢ ᠶ᠋ᠢᠨ ᠬᠦᠨᠳᠦ ᠪᠡᠯᠡᠭ ᠪᠠ ᠡᠯ᠎ᠡ ᠵᠦᠢᠯ ᠢ᠋ ᠬᠦᠯᠢᠶᠡᠵᠦ ᠨᠠᠮᠤᠷ ᠤ᠋ᠨ ᠰᠡᠭᠦᠯ ᠰᠠᠷ᠎ᠠ ᠪᠣᠯᠲᠠᠯ᠎ᠠ ᠡᠭᠡᠭᠦᠯᠦᠨ ᠢᠯᠡᠭᠡᠬᠦ ᠦᠭᠡᠢ ᠳ᠋ᠦ᠍ᠷ ᠮᠤᠬᠤᠯᠢ ᠶᠡᠬᠡ ᠠᠭᠤᠷᠯᠠᠵᠤ᠂ ᠲᠠᠪᠤᠨ ᠪᠠᠷᠰ ᠤ᠋ᠨ ᠵᠠᠩᠵᠤᠨ᠂ ᠬᠠᠰᠠᠷ ᠴᠢᠨ ᠸᠠᠩ ᠨᠠᠷ ᠢ᠋ ᠰᠠᠢᠬᠠᠨ ᠰᠤᠷᠲᠠᠯᠲᠤ᠂ ᠬᠣᠩᠭᠣᠷ ᠵᠤᠯᠠ ᠭᠦᠩᠵᠦ ᠶ᠋ᠢᠨ ᠬᠠᠮᠲᠤ ᠠᠯᠲᠠᠨ ᠤᠯᠤᠰ ᠤ᠋ᠨ ᠹᠧᠩ ᠱᠧᠩ ᠹᠦ ᠶ᠋ᠢ ᠪᠠᠢᠯᠳᠤᠷ᠎ᠠ ᠢᠯᠡᠭᠡᠵᠦ᠂ ᠪᠠᠰᠠ ᠵᠡᠪᠡ᠂ ᠵᠠᠯᠮ᠎ᠠ᠂ ᠠᠯᠠᠭ ᠲᠤᠭᠤ᠂ ᠪᠤᠭᠤᠲᠤ ᠬᠤᠸᠠ᠂ ᠠᠯᠤᠬ᠎ᠠ᠂ ᠰᠦᠬᠡ᠂ ᠤᠨᠵᠢᠭᠠᠢ᠂ ᠰᠤᠨᠵᠢᠭᠠᠢ ᠨᠠᠷ ᠢ᠋ ᠲᠠᠪᠤᠨ ᠲᠦᠮᠡᠨ ᠴᠡᠷᠢᠭ ᠠᠪᠤᠭᠤᠯᠤᠨ᠂ ᠲᠠᠢᠽᠢ ᠥᠭᠡᠳᠡᠢ᠂ ᠲᠣᠯᠢ ᠬᠣᠶᠠᠭᠤᠯᠠ ᠳ᠋ᠤᠷ ᠵᠣᠬᠢᠷᠠᠭᠤᠯᠤᠨ ᠡᠪᠦᠯ ᠦ᠋ᠨ ᠰᠡᠭᠦᠯ ᠰᠠᠷ᠎ᠠ ᠳ᠋ᠤᠷ ᠠᠯᠲᠠᠨ ᠤᠯᠤᠰ ᠤ᠋ᠨ ᠳ᠋ᠦᠩ ᠵᠢᠩ ᠪᠠᠯᠭᠠᠰᠤᠨ ᠢ᠋ ᠪᠠᠢᠯᠳᠤᠷ᠎ᠠ ᠢᠯᠡᠭᠡᠪᠡ᠃  

– – – – 
① ᠡᠨᠡ ᠨᠢᠭᠡᠨ ᠤᠳᠠᠭ᠎ᠠ ᠴᠤ᠌ ᠠᠯᠲᠠᠨ ᠤᠯᠤᠰ ᠤ᠋ᠨ ᠬᠣᠲᠠ ᠶ᠋ᠢ ᠬᠢᠯᠪᠠᠷ ᠢ᠋ᠶ᠋ᠠᠷ ᠣᠯᠵᠤ᠂ ᠮᠣᠩᠭᠣᠯ ᠤ᠋ᠨ ᠴᠡᠷᠢᠭ ᠦ᠋ᠨ ᠵᠦᠭ ᠰᠤᠮᠤ ᠬᠠᠷᠪᠤᠨ ᠴᠢᠯᠠᠭᠤ ᠴᠣᠬᠢᠬᠤ ᠦᠭᠡᠢ ᠪᠣᠯᠪᠠ᠃ ᠡᠨᠡ ᠤᠳᠠᠭ᠎ᠠ ᠠ᠋ᠴᠠ ᠡᠢᠮᠦ ᠪᠣᠯᠪᠠᠢ᠃
 
       ᠲᠡᠨᠳᠡᠴᠡ ᠬᠠᠰᠠᠷ ᠴᠢᠨ ᠸᠠᠩ ᠰᠠᠢᠬᠠᠨ ᠰᠤᠷᠲᠠᠯᠲᠤ ᠯᠤᠭ᠎ᠠ ᠵᠥᠪᠯᠡᠨ ᠥᠭᠦᠯᠡᠷᠦᠨ : 《ᠹᠧᠩ ᠱᠧᠩ ᠹᠦ ᠬᠡᠮᠡᠭᠴᠢ ᠶᠡᠬᠡ ᠭᠠᠵᠠᠷ ᠪᠤᠶᠤ᠂ ᠬᠣᠲᠠ ᠪᠠᠰᠠ ᠪᠡᠬᠢ ᠬᠡᠷᠬᠢᠨ ᠪᠠᠢᠯᠳᠤᠪᠠᠰᠤ ᠵᠣᠬᠢᠮᠤᠢ? 》ᠰᠠᠢᠬᠠᠨ ᠰᠤᠷᠲᠠᠯᠲᠤ ᠥᠴᠢᠷᠦᠨ : 《ᠡᠨᠡ ᠬᠣᠲᠠᠨ ᠢ᠋ ᠠᠪᠬᠤᠢ ᠳ᠋ᠤᠷ ᠬᠦᠴᠦᠨ ᠢ᠋ᠶ᠋ᠡᠷ ᠠᠪᠴᠤ ᠪᠣᠯᠬᠤ ᠦᠭᠡᠢ᠂ ᠡᠷᠬᠡᠪᠰᠢ ᠠᠷᠭ᠎ᠠ ᠪᠠᠷ ᠠᠪᠤᠪᠠᠰᠤ ᠰᠠᠢᠨ᠂ ᠹᠧᠩ ᠱᠧᠩ ᠹᠦ ᠶ᠋ᠢᠨ ᠢᠷᠭᠡᠨ ᠢᠨᠦ ᠪᠠᠶᠠᠯᠢᠭ᠂ ᠡᠳᠦᠭᠡ ᠪᠢᠳᠡᠨ ᠦ᠌ ᠣᠯᠠᠨ ᠴᠡᠷᠢᠭ ᠦ᠋ᠨ ᠰᠤᠮᠤᠨ ᠳ᠋ᠤᠷ ᠴᠥᠮ ᠥᠨᠥᠬᠡᠨ ᠦ᠌ ᠲᠠ ᠰᠢᠶᠠᠩ ᠹᠦ ᠶ᠋ᠢ ᠪᠠᠢᠯᠳᠤᠭᠰᠠᠨ ᠬᠡᠴᠡᠭᠦᠦ ᠶ᠋ᠢ ᠬᠡᠯᠡᠵᠦ ᠬᠠᠷᠪᠤᠨ ᠣᠷᠣᠭᠤᠯᠪᠠᠰᠤ᠂ ᠲᠡᠷᠡ ᠰᠤᠮᠤ ᠶ᠋ᠢ ᠣᠯᠠᠨ ᠴᠡᠷᠢᠭ ᠢᠷᠭᠡᠨ ᠦᠯᠦ ᠦᠵᠡᠬᠦ ᠶᠣᠰᠣ ᠦᠭᠡᠢ᠂ ᠬᠡᠷᠪᠡ ᠲᠠᠪᠤᠨ ᠡᠳᠦᠷ ᠦ᠋ᠨ ᠳᠣᠲᠣᠷ᠎ᠠ ᠡᠰᠡ ᠳᠠᠭᠠᠪᠠᠰᠤ ᠲᠡᠷᠡ ᠴᠠᠭ ᠲᠣᠢ ᠮᠢᠩᠭᠠᠨ ᠴᠡᠷᠢᠭ ᠰᠠᠯᠭᠠᠵᠤ ᠬᠣᠲᠠᠨ ᠳ᠋ᠤᠷ ᠳᠡᠭᠡᠰᠦ ᠴᠣᠬᠢᠵᠤ ᠲᠠᠲᠠᠭᠤᠯᠤᠨ ᠣᠷᠣᠰᠤᠭᠠᠢ᠃ 》 ᠬᠡᠮᠡᠭᠰᠡᠨ ᠳ᠋ᠦ᠍ᠷ ᠥᠭᠡᠳᠡᠢ᠂ ᠲᠣᠯᠢ ᠳᠠᠷᠤᠢ ᠲᠡᠷᠡ ᠦᠭᠡ ᠪᠡᠷ ᠣᠯᠠᠨ ᠴᠡᠷᠢᠭ ᠦ᠋ᠨ ᠰᠤᠮᠤ ᠪᠦᠷᠢ ᠳ᠋ᠦ᠍ᠷ ᠪᠢᠴᠢᠭᠦᠯᠦᠭᠰᠡᠨ ᠠᠨᠤ᠂ 《ᠲᠠ ᠳᠠᠷᠤᠢ ᠲᠡᠭᠷᠢ ᠡᠴᠡ ᠵᠥᠷᠢᠴᠡᠵᠦ ᠲᠠᠪᠤᠨ ᠡᠳᠦᠷ ᠦ᠋ᠨ ᠳᠣᠲᠣᠷ᠎ᠠ ᠡᠰᠡ ᠳᠠᠭᠠᠪᠠᠰᠤ᠂ ᠲᠠ ᠰᠢᠶᠠᠩ ᠹᠦ ᠶ᠋ᠢᠨ ᠠᠳᠠᠯᠢ ᠪᠣᠯᠬᠤ ᠠ᠋ᠴᠠ ᠬᠡᠷᠬᠢᠪᠡᠴᠦ ᠬᠡᠯᠲᠦᠷᠢᠨ ᠴᠢᠳᠠᠬᠤ ᠦᠭᠡᠢ᠃ 》ᠭᠡᠮᠡᠨ ᠪᠢᠴᠢᠭᠦᠯᠵᠦ ᠳᠣᠪᠲᠣᠯᠭᠠᠨ ᠣᠷᠣᠭᠤᠯᠵᠤ᠂ ᠬᠣᠲᠠᠨ ᠳ᠋ᠤᠷ ᠬᠠᠷᠪᠤᠵᠤ ᠣᠷᠣᠭᠤᠯᠤᠭᠰᠠᠨ ᠳ᠋ᠤᠷ ᠬᠣᠶᠠᠳᠤᠭᠠᠷ ᠡᠳᠦᠷ ᠦ᠋ᠨ ᠰᠥᠨᠢ ᠬᠣᠲᠠᠨ ᠤ᠋ ᠳᠣᠲᠣᠷ᠎ᠠ ᠶᠡᠬᠡᠯ᠎ᠡ ᠦᠢᠮᠡᠯᠳᠦᠵᠦ ᠳᠥᠷᠪᠡᠨ ᠬᠠᠭᠠᠯᠭ᠎ᠠ ᠨᠡᠭᠡᠭᠡᠭᠰᠡᠨ ᠳ᠋ᠦ᠍ᠷ ᠮᠣᠩᠭᠣᠯ ᠤ᠋ᠨ ᠴᠡᠷᠢᠭ ᠣᠷᠣᠵᠤ ᠡᠴᠢᠭᠡᠳ ᠰᠤᠯᠠ ᠢᠷᠭᠡᠨ ᠦ᠌ ᠭᠡᠷ ᠢ᠋ ᠦᠰᠦᠨ ᠦ᠌ ᠲᠡᠳᠦᠢ ᠬᠥᠳᠡᠯᠭᠡᠪᠡᠰᠦ ᠴᠠᠪᠴᠢᠨ ᠠᠯᠠᠮᠤᠢ ᠭᠡᠮᠡᠨ ᠵᠠᠷᠯᠠᠭᠰᠠᠨ ᠳ᠋ᠤᠷ ᠹᠧᠭ᠌ ᠱᠧᠩ ᠹᠦ ᠶ᠋ᠢᠨ ᠬᠣᠷᠢᠭᠳᠠᠭᠰᠠᠨ ᠴᠡᠷᠢᠭ ᠴᠥᠮ ᠰᠤᠯᠠ ᠢᠷᠭᠡᠨ ᠪᠣᠯᠤᠨ ᠬᠤᠪᠢᠯᠵᠤ ᠬᠤᠶᠠᠭ ᠳᠤᠭᠤᠯᠠᠭ᠎ᠠ ᠪᠠ ᠮᠣᠷᠢ ᠵᠡᠪᠰᠡᠭ ᠢ᠋ ᠴᠥᠮ ᠣᠷᠬᠢᠵᠤ ᠳᠤᠲᠠᠭᠠᠨ ᠭᠠᠷᠪᠠ᠃ 
       ᠲᠡᠳᠦᠢ ᠬᠠᠰᠠᠷ ᠴᠢᠨ ᠸᠠᠩ ᠰᠠᠢᠬᠠᠨ ᠰᠤᠷᠲᠠᠯᠲᠤ ᠶ᠋ᠢᠨ ᠤᠬᠠᠭᠠᠨ ᠤ᠋ ᠭᠠᠪᠢᠶ᠎ᠠ ᠪᠠᠷ ᠡᠨᠡ ᠬᠣᠲᠠᠨ ᠤ᠋ ᠣᠯᠠᠨ ᠪᠠᠶᠠᠨ ᠢᠷᠬᠡᠴᠦᠳ ᠮᠣᠩᠭᠣᠯ ᠤ᠋ᠨ ᠰᠤᠮᠤ ᠶ᠋ᠢᠨ ᠪᠢᠴᠢᠭ ᠢ᠋ ᠦᠵᠡᠭᠡᠳ ᠲᠦᠰᠢᠮᠡᠯ ᠡᠴᠡ ᠪᠡᠨ ᠨᠢᠭᠤᠵᠤ ᠵᠥᠪᠯᠡᠯᠳᠦᠬᠦᠢ ᠳ᠋ᠦ᠍ᠷ ᠲᠦᠰᠢᠮᠡᠯ ᠢᠨᠦ ᠹᠦ ᠾᠧ ᠰᠡᠷᠡᠵᠦ ᠣᠯᠠᠨ ᠪᠠᠶᠠᠴᠤᠳ ᠢ᠋ ᠪᠠᠷᠢᠬᠤᠢ ᠳ᠋ᠤᠷ ᠣᠯᠠᠨ ᠪᠠᠶᠠᠨ ᠢᠷᠭᠡᠳ ᠳᠠᠷᠤᠢ ᠭᠠᠷ ᠬᠥᠳᠡᠯᠦᠨ ᠬᠠᠭᠠᠯᠭ᠎ᠠ ᠨᠡᠭᠡᠭᠡᠵᠦ ᠳᠠᠭᠠᠭᠰᠠᠨ ᠠᠵᠤᠭᠤ᠃ ᠡᠨᠡ ᠦᠶ᠎ᠡ ᠳ᠋ᠦ᠍ᠷ ᠪᠠᠶᠠᠨ ᠢᠷᠬᠡᠴᠦᠳ ᠦ᠋ᠨ ᠵᠠᠯᠠᠭᠤ ᠬᠡᠦᠬᠡᠳ ᠢᠨᠦ ᠲᠦᠰᠢᠮᠡᠯ ᠹᠦ ᠾᠧ ᠶ᠋ᠢ ᠳᠠᠭᠠᠵᠤ ᠶᠠᠪᠤᠨ ᠮᠣᠩᠭᠣᠯ ᠤ᠋ᠨ ᠴᠡᠷᠢᠭ ᠣᠷᠣᠵᠤ ᠢᠷᠡᠮᠡᠭᠴᠡ ᠪᠠᠷᠬᠢᠷᠠᠨ ᠵᠠᠩᠵᠤᠨ ᠹᠦ ᠾᠧ ᠶ᠋ᠢ ᠪᠠᠷᠢᠭᠤᠯᠤᠭᠰᠠᠨ ᠳ᠋ᠤᠷ ᠹᠦ ᠾᠧ ᠥᠪᠡᠷ ᠢ᠋ᠶ᠋ᠡᠨ ᠴᠢᠬᠤᠯᠳᠠᠵᠤ ᠦᠬᠦᠪᠡ᠃ ᠲᠡᠳᠦᠢ ᠬᠠᠰᠠᠷ ᠴᠢᠨ ᠸᠠᠩ ᠰᠠᠢᠬᠠᠨ ᠰᠤᠷᠲᠠᠯᠲᠤ ᠶ᠋ᠢᠨ ᠲᠡᠷᠢᠭᠦᠨ ᠭᠠᠪᠢᠶ᠎ᠠ ᠪᠣᠯᠭᠠᠨ ᠬᠣᠲᠠᠨ ᠢ᠋ ᠠᠪᠤᠭᠰᠠᠨ ᠮᠡᠳᠡᠭᠡ ᠶ᠋ᠢ ᠬᠠᠭᠠᠨ ᠳ᠋ᠤᠷ ᠠᠢᠯᠠᠳᠬᠠᠨ ᠢᠯᠡᠭᠡᠪᠡ᠃ ᠡᠨᠡ ᠦᠶ᠎ᠡ ᠳ᠋ᠦ᠍ᠷ ᠴᠢᠪᠬᠢᠲᠡᠯ᠎ᠡ ᠡᠪᠦᠯ ᠦ᠋ᠨ ᠰᠡᠭᠦᠯ ᠰᠠᠷ᠎ᠠ ᠵᠢᠯ ᠦ᠋ᠨ ᠳᠣᠣᠷ᠎ᠠ ᠪᠣᠯᠤᠭᠰᠠᠨ ᠲᠤᠯᠠ ᠬᠠᠭᠠᠨ ᠤ᠋ ᠭᠡᠭᠡᠨ ᠹᠧᠩ ᠱᠧᠩ ᠹᠦ ᠳ᠋ᠦ᠍ᠷ ᠲᠠᠪᠰᠢᠨ ᠢᠷᠡᠵᠦ᠂ ᠵᠢᠯ ᠢ᠋ ᠡᠨᠳᠡ ᠥᠩᠭᠡᠷᠡᠬᠦ ᠪᠡᠷ ᠲᠣᠭᠲᠠᠪᠠ᠃ 
       ᠲᠡᠨᠳᠡᠴᠡ ᠬᠣᠶᠠᠷ ᠲᠠᠢᠽᠢ ᠥᠭᠡᠳᠡᠢ ᠲᠣᠯᠢ ᠬᠣᠶᠠᠭᠤᠯᠠ ᠵᠡᠪᠡ ᠶ᠋ᠢ ᠡᠮᠦᠨ᠎ᠡ ᠬᠣᠰᠢᠭᠤᠴᠢ ᠪᠣᠯᠭᠠᠨ ᠶᠠᠪᠤᠵᠤ ᠬᠣᠢᠨ᠎ᠠ ᠠ᠋ᠴᠠ ᠠᠯᠭᠤᠷ ᠶᠠᠪᠤᠬᠤᠢ ᠳ᠋ᠤᠷ ᠵᠡᠪᠡ ᠤᠷᠢᠳᠠ ᠬᠦᠷᠴᠦ ᠬᠣᠲᠠᠨ ᠢ᠋ ᠬᠠᠭᠠᠵᠤ ᠨᠢᠭᠡᠨ ᠵᠡᠷᠭᠡ ᠪᠠᠢᠯᠳᠤᠬᠤᠢ ᠳ᠋ᠤᠷ ᠳ᠋ᠦᠩ ᠵᠢᠩ ᠬᠡᠮᠡᠭᠴᠢ ᠶᠡᠬᠡ ᠬᠣᠲᠠ ᠲᠤᠯᠠ ᠴᠡᠷᠢᠭ ᠣᠯᠠᠨ ᠠᠮᠤ ᠡᠪᠡᠰᠦ ᠡᠯᠪᠡᠭ ᠭᠤᠴᠢᠨ ᠣᠨ ᠢᠳᠡᠵᠦ ᠪᠠᠷᠠᠬᠤ ᠦᠭᠡᠢ᠂ ᠵᠠᠷ ᠵᠡᠪᠰᠡᠭ ᠠᠭᠤᠯᠠ ᠮᠡᠲᠦ᠂ ᠴᠡᠷᠢᠭ ᠬᠤᠶᠠᠭ ᠪᠠᠶᠠᠨ ᠲᠠᠷᠭᠤᠨ᠂ ᠭᠠᠭᠴᠠ ᠡᠨᠡ ᠬᠣᠶᠠᠷ ᠵᠢᠯ ᠮᠣᠩᠭᠣᠯ ᠤ᠋ᠨ ᠰᠦᠷ ᠠᠰᠤᠷᠤ ᠭᠠᠷᠤᠭᠰᠠᠨ ᠲᠤᠯᠠ ᠠᠶᠤᠮᠰᠢᠭ᠋ ᠦᠭᠡᠢ ᠭᠠᠷᠴᠤ ᠲᠤᠯᠬᠤ ᠦᠭᠡᠢ᠃ ᠨᠡᠩᠳᠡ ᠬᠣᠲᠠ ᠰᠠᠬᠢᠭᠰᠠᠨ ᠠᠨᠤ ᠸᠠᠨ ᠶᠠᠨ ᠬᠤ᠌ ᠱᠠ ᠨᠠᠷ ᠵᠢᠷᠦᠬᠡ ᠭᠠᠷᠭᠠᠨ ᠰᠠᠬᠢᠵᠤ ᠭᠠᠷᠬᠤ ᠦᠭᠡᠢ ᠳ᠋ᠦ᠍ᠷ ᠵᠡᠪᠡ ᠨᠢᠭᠡᠨᠲᠡᠭᠡᠭᠦᠷ ᠬᠣᠲᠠᠨ ᠢ᠋ ᠪᠠᠢᠯᠳᠤᠭᠴᠢ ᠪᠣᠯᠤᠨ ᠨᠢᠭᠡᠨᠲᠡᠭᠡᠭᠦᠷ ᠬᠣᠲᠠ ᠶ᠋ᠢᠨ ᠬᠣᠢᠲᠤ ᠶᠡᠬᠡ ᠵᠡᠭᠡᠯᠢ ᠪᠠ ᠰᠠᠩ ᠤ᠋ᠨ ᠶᠡᠬᠡ ᠠᠮᠤ ᠰᠠᠩ ᠬᠥᠮᠥᠷᠭᠡ ᠶ᠋ᠢ ᠬᠣᠷᠢᠶᠠᠨ ᠠᠪᠤᠭᠤᠯᠵᠤ᠂ ᠰᠥᠨᠢ ᠭᠡᠨᠡᠳᠲᠡ ᠡᠭᠡᠵᠦ ᠶᠠᠪᠤᠭᠰᠠᠨ ᠳ᠋ᠤᠷ ᠠᠯᠲᠠᠨ ᠤᠯᠤᠰ ᠤ᠋ᠨ ᠳ᠋ᠦᠩ ᠵᠢᠩ ᠦ᠋ᠨ ᠸᠠᠨ ᠶᠠᠨ ᠬᠤ᠌ ᠱᠠ ᠮᠣᠩᠭᠣᠯ ᠤ᠋ᠨ ᠴᠡᠷᠢᠭ ᠬᠣᠲᠠᠨ ᠤ᠋ ᠭᠠᠳᠠᠭᠠᠳᠤ ᠶ᠋ᠢ ᠱᠦᠭᠦᠷᠳᠡᠨ ᠠᠪᠠᠴᠢᠭᠰᠠᠨ ᠢ᠋ ᠰᠣᠨᠣᠰᠴᠤ ᠬᠥᠯ ᠳᠡᠪᠰᠡᠨ ᠥᠭᠦᠯᠡᠷᠦᠨ :《ᠦᠵᠡᠰᠡ ᠮᠣᠩᠭᠣᠯ ᠤ᠋ᠨ ᠴᠡᠷᠢᠭ ᠮᠠᠰᠢ ᠴᠥᠭᠡᠨ ᠠᠵᠤᠭᠤ᠃ ᠮᠠᠨ ᠤ᠋ ᠠᠶᠤᠭᠰᠠᠨ ᠳ᠋ᠤᠷ ᠡᠷᠳᠦᠵᠦ ᠠᠷᠭ᠎ᠠ ᠬᠡᠷᠡᠭᠯᠡᠨ ᠬᠣᠲᠠᠨ ᠤ᠋ ᠭᠠᠳᠠᠨ᠎ᠠ ᠶ᠋ᠢ ᠴᠥᠮ ᠬᠠᠭᠤᠷᠠᠢᠯᠠᠪᠠ᠃ ᠡᠭᠦᠨ ᠢ᠋ ᠮᠡᠳᠡᠭᠰᠡᠨ ᠪᠥᠭᠡᠰᠦ ᠭᠠᠷᠴᠤ ᠪᠠᠢᠯᠳᠤᠬᠤ ᠪᠢᠯᠡ ! 》ᠭᠡᠮᠡᠨ ᠠᠮᠤᠷ ᠰᠤᠯᠠ ᠶᠡᠬᠡ ᠦᠭᠡ ᠪᠡᠨ ᠲᠠᠯᠪᠢᠵᠤ᠂ ᠬᠣᠲᠠᠨ ᠤ᠋ ᠳᠥᠷᠪᠡᠨ ᠬᠠᠭᠠᠯᠭ᠎ᠠ ᠶ᠋ᠢ ᠨᠡᠭᠡᠭᠡᠯᠭᠡᠵᠦ᠂ ᠵᠢᠯ ᠦ᠋ᠨ ᠳᠣᠣᠷ᠎ᠠ ᠰᠠᠢᠨ ᠡᠳᠦᠷ ᠣᠯᠠᠨ ᠬᠥᠮᠦᠨ ᠦ᠌ ᠭᠠᠷᠬᠤ ᠶ᠋ᠢ ᠠᠨᠤ ᠭᠠᠷᠭᠠᠨ ᠣᠷᠣᠬᠤ ᠶ᠋ᠢ ᠠᠨᠤ ᠣᠷᠣᠭᠤᠯᠤᠨ᠂ ᠵᠢᠴᠢ ᠡᠳᠦᠷ ᠪᠠᠰᠠ ᠬᠠᠭᠠᠯᠭ᠎ᠠ ᠶ᠋ᠢ ᠰᠠᠶᠢ ᠨᠡᠭᠡᠭᠡᠲᠡᠯ᠎ᠡ ᠮᠣᠩᠭᠣᠯ ᠤ᠋ᠨ ᠴᠡᠷᠢᠭ ᠳᠥᠷᠪᠡᠨ ᠵᠦᠭ ᠡᠴᠡ ᠬᠠᠭᠠᠯᠭ᠎ᠠ ᠶ᠋ᠢ ᠲᠦᠯᠬᠢᠨ ᠤᠰᠤ ᠤᠷᠤᠰᠬᠤ ᠮᠡᠲᠦ ᠢᠪᠡᠷᠡᠨ ᠣᠷᠣᠵᠤ ᠢᠷᠡᠪᠡ᠃ ᠮᠣᠩᠭᠣᠯ ᠤ᠋ᠨ ᠲᠠᠢᠪᠤᠤ ᠵᠡᠪᠡ ᠡᠳᠡᠨ ᠢ᠋ ᠠᠩᠬ᠎ᠠ ᠤᠳᠠᠭ᠎ᠠ ᠡᠰᠡ ᠠᠪᠲᠠᠬᠤᠢ ᠳ᠋ᠤᠷ ᠬᠠᠭᠤᠷᠤᠨ ᠡᠭᠡᠵᠦ ᠬᠠᠭᠠᠰ ᠡᠳᠦᠷ ᠦ᠋ᠨ ᠵᠠᠮ ᠶᠠᠪᠤᠭᠠᠳ ᠭᠡᠨᠡᠳᠲᠡ ᠰᠥᠨᠢ ᠪᠣᠯᠤᠭᠰᠠᠨ ᠬᠣᠢᠨ᠎ᠠ ᠣᠯᠠᠨ ᠴᠡᠷᠢᠭ ᠢ᠋ ᠡᠭᠡᠭᠦᠯᠦᠨ ᠳᠣᠪᠲᠣᠯᠤᠨ ᠢᠷᠡᠵᠦ᠂ ᠳᠥᠷᠪᠡᠨ ᠬᠠᠭᠠᠯᠭ᠎ᠠ ᠶ᠋ᠢ ᠰᠠᠬᠢᠬᠤ ᠬᠥᠮᠦᠨ ᠢ᠋ ᠳᠠᠷᠤᠨ ᠠᠯᠠᠵᠤ ᠣᠷᠣᠭᠰᠠᠨ ᠠᠵᠤᠭᠤ᠃ 
       ᠲᠡᠳᠦᠢ ᠵᠡᠪᠡ ᠳᠥᠷᠪᠡᠨ ᠬᠠᠭᠠᠯᠭ᠎ᠠ ᠶ᠋ᠢ ᠰᠠᠬᠢᠨ ᠡᠮᠦᠨ᠎ᠡ ᠴᠡᠷᠢᠭ ᠢ᠋ ᠠᠯᠠᠵᠤ᠂ ᠥᠪᠡᠷ ᠦ᠋ᠨ ᠨᠢᠭᠡᠨ ᠲᠦᠮᠡᠨ ᠴᠡᠷᠢᠭ ᠢ᠋ ᠠᠪᠴᠤ ᠬᠣᠲᠠᠨ ᠤ᠋ ᠳᠣᠲᠣᠷ᠎ᠠ ᠤᠷᠢᠳᠠ ᠣᠷᠣᠵᠤ ᠢᠷᠡᠬᠦᠶ᠎ᠡ᠂ ᠸᠠᠨ ᠶᠠᠨ ᠬᠤ᠌ ᠱᠠ ᠠᠷᠭ᠎ᠠ ᠪᠠᠨ ᠵᠠᠪᠬᠠᠷᠠᠭᠠᠳ ᠬᠠᠷᠠᠬᠠᠨ ᠬᠤᠤᠱᠠᠩ ᠤ᠋ᠨ ᠳᠡᠪᠡᠯ ᠮᠠᠯᠠᠭ᠎ᠠ ᠶ᠋ᠢ ᠡᠮᠦᠰᠴᠦ ᠨᠢᠭᠡᠨ ᠰᠦᠮ᠎ᠡ ᠳ᠋ᠦ᠍ᠷ ᠨᠢᠭᠤᠵᠤ᠂ ᠲᠡᠷᠡ ᠰᠥᠨᠢ ᠬᠣᠲᠠ ᠪᠠᠷ ᠳᠠᠪᠠᠨ ᠪᠤᠷᠤᠭᠤᠯᠠᠨ ᠳᠤᠲᠠᠭᠠᠪᠠ᠃ ᠬᠣᠲᠠᠨ ᠤ᠋ ᠣᠯᠠᠨ ᠴᠡᠷᠢᠭ ᠵᠠᠷ ᠵᠡᠪᠰᠡᠭ ᠶᠦ᠍ᠭᠡᠨ ᠣᠷᠬᠢᠵᠤ ᠳᠠᠭᠠᠭᠰᠠᠨ ᠢ᠋ ᠠᠨᠤ ᠬᠠᠭᠠᠨ ᠳ᠋ᠤᠷ ᠠᠢᠯᠠᠳᠬᠠ᠂ ᠳᠤᠷᠠᠲᠠᠢ ᠶ᠋ᠢ ᠠᠨᠤ ᠳᠠᠭᠠᠭᠤᠯᠵᠤ ᠳᠤᠷ᠎ᠠ ᠦᠭᠡᠢ ᠶ᠋ᠢ ᠢᠨᠦ ᠬᠡᠪ ᠢ᠋ᠶ᠋ᠡᠷ ᠬᠠᠷᠢᠭᠤᠯᠵᠤ᠂ ᠳ᠋ᠦᠩ ᠵᠢᠩ ᠬᠣᠲᠠᠨ ᠢ᠋ ᠠᠮᠤᠷ ᠢ᠋ᠶ᠋ᠠᠷ ᠣᠯᠪᠠ᠃ ᠳᠠᠭᠠᠯᠳᠤᠭ᠎ᠠ ᠬᠣᠶᠠᠷ ᠲᠠᠢᠽᠢ ᠶ᠋ᠢᠨ ᠶᠡᠬᠡ ᠴᠡᠷᠢᠭ ᠬᠦᠷᠴᠦ ᠢᠷᠡᠨ ᠬᠣᠲᠠᠨ ᠳ᠋ᠤᠷ ᠣᠷᠣᠵᠤ ᠬᠢᠨᠠᠨ ᠪᠠᠢᠴᠠᠭᠠᠵᠤ᠂ ᠶᠡᠬᠡ ᠴᠡᠷᠢᠭ ᠢ᠋ ᠬᠣᠲᠠᠨ ᠤ᠋ ᠭᠠᠳᠠᠨ᠎ᠠ ᠪᠠᠭᠤᠯᠭᠠᠵᠤ᠂ ᠳ᠋ᠦᠩ ᠵᠢᠩ ᠬᠣᠲᠠᠨ ᠤ᠋ ᠶᠡᠬᠡ ᠰᠠᠩ ᠬᠥᠮᠥᠷᠭᠡ ᠶ᠋ᠢ ᠪᠠᠢᠴᠠᠭᠠᠨ ᠠᠪᠴᠤ ᠠᠮᠤ ᠡᠪᠡᠰᠦ ᠶ᠋ᠢ ᠪᠠᠢᠴᠠᠭᠠᠵᠤ᠂ ᠣᠯᠵᠠᠯᠠᠭᠰᠠᠨ ᠠᠨᠤ ᠠᠭᠤᠯᠠᠨ ᠮᠡᠲᠦ ᠣᠪᠣᠭᠠᠯᠠᠵᠤᠬᠤᠢ᠃ ᠲᠡᠳᠦᠢ ᠶᠠᠭᠠᠷᠠᠨ ᠬᠠᠭᠠᠨ ᠳ᠋ᠤᠷ ᠠᠢᠯᠠᠳᠬᠠᠨ ᠶᠠᠪᠤᠭᠤᠯᠵᠤ᠂ ᠬᠠᠭᠠᠨ ᠢ᠋ ᠤᠭᠲᠤᠬᠤᠢ ᠶ᠋ᠢ ᠪᠡᠯᠡᠳᠬᠡᠬᠦᠢ ᠳ᠋ᠦ᠍ᠷ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ ᠢᠷᠡᠨ ᠳ᠋ᠦᠩ ᠵᠢᠩ ᠪᠠᠯᠭᠠᠰᠤᠨ ᠳ᠋ᠤᠷ ᠣᠷᠣᠵᠤ᠂ ᠡᠨᠡ ᠪᠠᠯᠭᠠᠰᠤᠨ ᠳ᠋ᠤᠷ ᠮᠥᠨ ᠬᠠᠭᠠᠨ ᠤ᠋ ᠶᠡᠬᠡ ᠣᠷᠳᠣᠨ ᠬᠠᠷᠰᠢ ᠪᠣᠢ ᠲᠤᠯᠠ ᠬᠠᠭᠠᠨ ᠤ᠋ ᠯᠤᠤ ᠶ᠋ᠢᠨ ᠰᠢᠷᠡᠭᠡᠨ ᠳ᠋ᠦ᠍ᠷ ᠰᠠᠭᠤᠵᠤ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠶᠡᠬᠡ ᠬᠤᠷᠢᠮ ᠬᠤᠷᠢᠮᠯᠠᠵᠤ ᠡᠨᠡ ᠵᠢᠯ ᠦ᠋ᠨ ᠬᠣᠲᠠ ᠪᠠᠯᠭᠠᠳ ᠢ᠋ ᠠᠪᠤᠭᠰᠠᠨ ᠲᠡᠷᠢᠭᠦᠯᠡᠭᠰᠡᠨ ᠵᠠᠩᠵᠤᠨ ᠨᠠᠷ ᠢ᠋ ᠴᠥᠮ ᠢ᠋ᠶ᠋ᠡᠷ ᠵᠠᠯᠠᠬᠤᠢ ᠳ᠋ᠤᠷ ᠲᠡᠷᠢᠭᠦᠨ ᠳ᠋ᠦ᠍ᠷ ᠲᠠᠢᠽᠢ ᠲᠣᠯᠢ᠂ ᠹᠦ ᠮᠠ᠋ ᠴᠡᠴᠡᠭ᠂ ᠬᠠᠰᠠᠷ᠂ ᠰᠠᠢᠬᠠᠨ ᠰᠤᠷᠲᠠᠯᠲᠤ᠂ ᠳᠠᠭᠠᠯᠳᠤᠭ᠎ᠠ ᠡᠨᠡ ᠳ᠋ᠦᠩ ᠵᠢᠩ ᠢ᠋ ᠠᠪᠤᠭᠰᠠᠨ ᠶᠡᠬᠡ ᠭᠠᠪᠢᠶ᠎ᠠ – ᠵᠡᠪᠡ ᠵᠠᠯᠮ᠎ᠠ ᠨᠠᠷ ᠢ᠋ ᠲᠡᠷᠢᠭᠦᠨ ᠭᠠᠪᠢᠶ᠎ᠠ ᠶ᠋ᠢᠨ ᠶᠣᠰᠣᠭᠠᠷ ᠱᠠᠩᠨᠠᠵᠤ᠂ ᠮᠤᠬᠤᠯᠢ ᠶ᠋ᠢᠨ ᠵᠦᠭ ᠥᠭᠦᠯᠡᠷᠦᠨ: 《ᠨᠢᠳᠤᠨᠤᠨ ᠲᠤᠭᠲᠠᠮ ᠡᠮᠦᠨ᠎ᠡ ᠵᠦᠭ ᠴᠡᠷᠢᠭ ᠣᠷᠣᠬᠤᠢ ᠳ᠋ᠤᠷ ᠲᠠᠢᠪᠤᠤ ᠵᠡᠪᠡ ᠴᠢᠨᠦ ᠲᠡᠷᠢᠭᠦᠨ ᠤᠳᠠᠭ᠎ᠠ ᠡᠰᠡ ᠬᠢᠴᠢᠶᠡᠭᠰᠡᠨ ᠪᠥᠭᠡᠰᠦ ᠡᠨᠡ ᠡᠳᠦᠷ ᠡᠢᠨ ᠬᠦ᠌ ᠳᠡᠢᠯᠬᠦ ᠦᠭᠡᠢ ᠪᠣᠯᠠᠢ᠃ ᠡᠨᠡ ᠲᠡᠷᠢᠭᠦᠨ ᠤᠳᠠᠭ᠎ᠠ ᠳ᠋ᠤᠷ ᠨᠡᠷ᠎ᠡ ᠭᠠᠷᠰᠤᠭᠠᠢ ᠭᠡᠮᠡᠨ ᠠᠮᠢ ᠪᠠᠨ ᠭᠠᠷᠰᠤᠭᠠᠢ ᠭᠡᠮᠡᠨ ᠲᠡᠪᠴᠢᠨ ᠵᠢᠳᠬᠦᠭᠰᠡᠨ ᠢ᠋ᠶ᠋ᠡᠷ ᠡᠨᠡ ᠡᠳᠦᠷ ᠨᠡᠩ ᠪᠠᠰᠠ ᠡᠮᠦᠨ᠎ᠡ ᠬᠢᠵᠠᠭᠠᠷ ᠲᠤᠷ ᠣᠷᠣᠵᠤ ᠢᠷᠡᠪᠡ᠃ ᠭᠣᠣ ᠪᠤᠤ ᠢᠦᠢ᠂ ᠰᠢᠮᠦ ᠮᠢᠩᠭᠠᠨ ᠤ᠋ ᠵᠡᠷᠭᠡ ᠶ᠋ᠢᠨ ᠬᠥᠮᠦᠨ ᠴᠥᠮ ᠬᠢᠴᠢᠶᠡᠯ ᠵᠢᠳᠬᠦᠯ ᠪᠣᠢ᠃ ᠭᠠᠭᠴᠠ ᠪᠢᠳᠡᠨ ᠤᠷᠢᠳᠤ ᠶ᠋ᠢᠨ ᠠᠪᠤᠭᠰᠠᠨ ᠬᠣᠲᠠᠨ ᠢ᠋ ᠴᠡᠷᠢᠭ ᠦᠯᠡᠳᠡᠭᠡᠨ ᠰᠠᠬᠢᠭᠰᠠᠨ ᠦᠭᠡᠢ ᠲᠤᠯᠠ ᠠᠪᠤᠭᠰᠠᠨ ᠬᠣᠲᠠ ᠨᠤᠭᠤᠳ ᠢ᠋ ᠡᠵᠡᠷᠬᠡᠨ ᠴᠢᠳᠠᠬᠤ ᠦᠭᠡᠢ᠂ ᠠᠯᠲᠠᠨ ᠤᠯᠤᠰ ᠤ᠋ᠨ ᠮᠠᠭᠤ ᠴᠡᠷᠢᠭ ᠥᠩᠭᠡᠷᠡᠨ ᠭᠠᠷᠤᠮᠠᠭᠴᠠ ᠲᠡᠷᠡ ᠳᠠᠷᠤᠢ ᠲᠦᠰᠢᠮᠡᠯ ᠴᠡᠷᠢᠭ ᠢᠯᠡᠭᠡᠵᠦ ᠬᠠᠮᠠᠭᠠᠯᠠᠭᠤᠯᠤᠮᠤᠢ᠃ ᠪᠢ ᠳᠠᠬᠢᠨ ᠲᠡᠭᠦᠨ ᠢ᠋ᠶ᠋ᠡᠷ ᠳᠠᠭᠠᠷᠢᠨ ᠶᠠᠪᠤᠬᠤᠢ ᠳ᠋ᠤᠷ ᠬᠣᠲᠠ ᠬᠡᠳᠦᠢ ᠬᠣᠭᠣᠰᠣᠨ ᠪᠣᠯᠤᠭᠰᠠᠨ ᠪᠣᠯᠪᠠᠴᠤ ᠴᠡᠷᠢᠭ ᠰᠠᠬᠢᠬᠤ ᠲᠤᠯᠠ ᠳᠠᠬᠢᠨ ᠳᠠᠬᠢᠨ ᠠᠪᠬᠤ ᠬᠡᠷᠡᠭ ᠮᠠᠰᠢ ᠪᠡᠷᠬᠡ᠂ ᠡᠭᠦᠨ ᠢ᠋ ᠬᠡᠷᠬᠢᠪᠡᠰᠦ ᠰᠠᠢᠨ ? 》ᠬᠡᠮᠡᠬᠦᠢ ᠳ᠋ᠦ᠍ᠷ ᠮᠤᠬᠤᠯᠢ ᠠᠢᠯᠠᠳᠬᠠᠷᠤᠨ : 《ᠴᠣᠬᠣᠮ ᠬᠣᠲᠠ ᠪᠠᠯᠭᠠᠳ ᠢ᠋ ᠨᠢᠭᠡ ᠠᠪᠤᠪᠠᠰᠤ ᠨᠢᠭᠡᠨ ᠢ᠋ ᠰᠠᠬᠢᠭᠤᠯᠪᠠᠰᠤ ᠡᠨᠡ ᠰᠠᠶᠢ ᠭᠠᠵᠠᠷ ᠡᠵᠡᠯᠡᠬᠦ ᠠᠷᠭ᠎ᠠ᠂ ᠭᠠᠭᠴᠠ ᠮᠠᠨ ᠤ᠋ ᠴᠡᠷᠢᠭ ᠰᠠᠶᠢ ᠡᠮᠦᠨ᠎ᠡ ᠵᠦᠭ ᠣᠷᠣᠵᠤ ᠢᠷᠡᠭᠡᠳ ᠭᠠᠵᠠᠷ ᠤ᠋ᠨ ᠲᠡᠮᠳᠡᠭ ᠢ᠋ ᠠᠪᠤᠭᠠᠳᠤᠢ᠂ ᠴᠡᠷᠢᠭ ᠦᠯᠡᠳᠡᠭᠡᠪᠡᠰᠦ ᠯᠠᠪ ᠭᠠᠵᠠᠷ ᠤ᠋ᠨ ᠰᠤᠯᠠ ᠢᠷᠭᠡᠨ ᠢ᠋ ᠬᠣᠷᠣᠰᠬᠠᠮᠤᠢ᠃ ᠲᠡᠢᠨ ᠬᠦ᠌ ᠴᠡᠷᠢᠭ ᠣᠷᠣᠬᠤ ᠶ᠋ᠢᠨ ᠤᠷᠢᠳ ᠡᠳᠡᠭᠡᠷ ᠶᠠᠪᠤᠳᠠᠯ ᠢ᠋ ᠲᠣᠳᠣᠷᠬᠠᠢᠯᠠᠨ ᠢᠯᠭᠠᠵᠤ᠂ ᠡᠷᠲᠡᠨ ᠦ᠌ ᠱᠤ᠌ ᠤᠯᠤᠰ ᠤ᠋ᠨ ᠵᠣ᠌ ᠭᠧ ᠯᠢᠶᠠᠩ ᠤ᠋ᠨ ᠮᠠᠨ ᠤ᠋ ᠤᠯᠤᠰ ᠤ᠋ᠨ ᠮᠧᠩ ᠾᠸᠦ᠋ᠸᠧ ᠶ᠋ᠢ ᠳᠠᠢᠯᠠᠭᠰᠠᠨ ᠠᠷᠭ᠎ᠠ ᠪᠠᠷ ᠨᠡᠢᠲᠡ ᠰᠡᠳᠬᠢᠯ ᠢ᠋ ᠰᠢᠮᠳᠠᠨ ᠳᠠᠭᠠᠭᠤᠯᠪᠠᠰᠤ ᠡᠳᠦᠭᠡ ᠬᠡᠳᠦᠢ ᠴᠡᠷᠢᠭ ᠡᠰᠡ ᠦᠯᠡᠳᠡᠭᠡᠨ ᠰᠠᠬᠢᠭᠤᠯᠪᠠᠴᠤ ᠮᠠᠭᠤ ᠬᠥᠮᠦᠨ ᠰᠠᠮᠠᠭᠤᠷᠠᠨ ᠴᠢᠳᠠᠬᠤ ᠦᠭᠡᠢ ᠪᠣᠯᠤᠮᠤᠢ᠃ ᠣᠳᠣ ᠡᠭᠦᠷᠭᠡ ᠴᠢᠷᠦᠯᠳᠦᠭᠡ ᠪᠣᠯᠤᠨ ᠣᠯᠠᠨ ᠴᠡᠷᠢᠭ ᠦ᠋ᠨ ᠰᠡᠳᠬᠢᠯ ᠰᠤᠯᠠ ᠪᠣᠯᠤᠮᠤᠢ᠃ ᠲᠡᠢᠨ ᠬᠦ᠌ ᠡᠨᠡ ᠬᠣᠶᠠᠷ ᠵᠢᠯ ᠬᠥᠨᠳᠡᠯᠡᠨ ᠭᠤᠯᠳᠤ ᠰᠢᠪᠲᠤᠯᠤᠨ ᠶᠠᠪᠤᠵᠤ᠂ ᠣᠯᠠᠨ ᠢᠷᠭᠡᠨ ᠢᠨᠦ ᠠᠷᠭᠠᠴᠠᠰᠬᠢᠪᠡᠴᠦ ᠭᠠᠷᠴᠤ ᠴᠢᠳᠠᠬᠤ ᠦᠭᠡᠢ ᠰᠡᠳᠬᠢᠯ ᠳᠦᠭᠦᠷᠦᠭᠰᠡᠨ ᠲᠤᠯᠠ ᠡᠳᠦᠭᠡ ᠮᠠᠨ ᠤ᠋ ᠴᠡᠷᠢᠭ ᠰᠢᠨ᠎ᠡ ᠬᠠᠭᠤᠴᠢᠨ ᠬᠣᠲᠠᠨ ᠳ᠋ᠤᠷ ᠬᠦᠷᠦᠮᠡᠭᠴᠡ ᠴᠡᠷᠢᠭ ᠢᠷᠭᠡᠨ ᠢᠨᠦ ᠰᠠᠯᠬᠢᠨ ᠤ᠋ ᠠᠶ᠎ᠠ ᠶ᠋ᠢ ᠳᠠᠭᠠᠵᠤ ᠲᠣᠭᠲᠠᠬᠤ ᠠᠨᠤ ᠡᠨᠡ ᠴᠣᠬᠣᠮ ᠮᠠᠨ ᠤ᠋ ᠡᠰᠡ ᠬᠣᠣᠷᠳᠠᠭᠠᠭᠰᠠᠨ ᠥᠷᠥᠰᠢᠶᠡᠯ ᠢ᠋ᠶ᠋ᠡᠷ ᠳᠠᠢᠯᠠᠨ ᠶᠠᠪᠤᠭᠰᠠᠨ ᠤ᠋ ᠰᠢᠯᠲᠠᠭᠠᠨ᠂ ᠣᠳᠣ ᠨᠢᠭᠡᠨ ᠵᠢᠯ ᠡᠢᠨ ᠬᠦ᠌ ᠶᠠᠪᠤᠪᠠᠰᠤ ᠮᠠᠨ ᠤ᠋ ᠵᠠᠩᠵᠤᠨ ᠴᠡᠷᠢᠭ ᠪᠠᠰᠠ ᠡᠮᠦᠨ᠎ᠡ ᠵᠦᠭ ᠦ᠋ᠨ ᠤᠴᠢᠷ ᠵᠣᠪᠠᠬᠤ ᠦᠭᠡᠢ ᠳᠡᠭᠡᠷ᠎ᠡ᠂ ᠠᠯᠲᠠᠨ ᠤᠯᠤᠰ ᠤ᠋ᠨ ᠴᠡᠷᠢᠭ ᠢᠷᠭᠡᠨ ᠦ᠌ ᠰᠡᠳᠬᠢᠯ ᠪᠠᠰᠠ ᠨᠡᠩᠳᠡ ᠰᠢᠭᠤᠳᠴᠤ ᠲᠣᠭᠲᠠᠮᠤᠢ᠃ ᠲᠡᠷᠡ ᠦᠶ᠎ᠡ ᠳ᠋ᠦ᠍ᠷ ᠣᠳᠣ ᠲᠦᠰᠢᠮᠡᠯ ᠴᠡᠷᠢᠭ ᠢ᠋ ᠰᠠᠯᠭᠠᠵᠤ ᠬᠣᠲᠠ ᠪᠠᠯᠭᠠᠳ ᠢ᠋ ᠠᠩᠭᠢ ᠠᠩᠭᠢ ᠪᠠᠷ ᠰᠠᠬᠢᠭᠤᠯᠪᠠᠰᠤ ᠰᠠᠶᠢ ᠪᠠᠲᠤ ᠪᠣᠯᠤᠮᠤᠢ᠃ ᠡᠳᠦᠭᠡ ᠠᠯᠲᠠᠨ ᠤᠯᠤᠰ ᠪᠠᠰᠠ ᠡᠭᠡᠵᠦ ᠬᠠᠷᠢᠭᠤ ᠪᠠᠢᠯᠳᠤᠬᠤ ᠲᠤᠯᠠ ᠮᠠᠨ ᠤ᠋ ᠮᠣᠩᠭᠣᠯ ᠠᠯᠲᠠᠨ ᠤᠯᠤᠰ ᠤ᠋ᠨ ᠰᠦᠷ ᠢ᠋ ᠳᠠᠷᠤᠵᠤ ᠰᠡᠳᠬᠢᠯ ᠢ᠋ ᠠᠶᠤᠯᠭᠠᠭᠰᠠᠨ ᠪᠣᠯᠪᠠᠴᠤ ᠮᠠᠨ ᠤ᠋ ᠮᠣᠩᠭᠣᠯ ᠤ᠋ᠨ ᠰᠦᠷ ᠢ᠋ ᠪᠢᠴᠢᠬᠠᠨ ᠴᠤ᠌ ᠲᠣᠳᠣᠷᠬᠠᠢ ᠮᠡᠳᠡᠭᠡᠳᠦᠢ᠂ ᠬᠠᠭᠠᠨ ᠬᠡᠷᠪᠡ ᠠᠯᠲᠠᠨ ᠤᠯᠤᠰ ᠤ᠋ᠨ ᠨᠢᠭᠡᠨ ᠰᠠᠢᠨ ᠭᠠᠵᠠᠷ ᠢ᠋ ᠦᠵᠡᠵᠦ᠂ ᠲᠡᠨᠳᠡ ᠨᠡᠢᠰᠯᠡᠬᠦ ᠭᠠᠵᠠᠷ ᠪᠣᠯᠭᠠᠪᠠᠰᠤ ᠲᠡᠷᠡ ᠦᠶ᠎ᠡ ᠳ᠋ᠦ᠍ᠷ ᠰᠠᠶᠢ ᠵᠠᠩᠵᠤᠨ ᠴᠡᠷᠢᠭ ᠢ᠋ᠶ᠋ᠡᠷ ᠣᠯᠠᠨ ᠬᠣᠲᠠᠨ ᠢ᠋ ᠰᠠᠬᠢᠵᠤ ᠪᠣᠯᠤᠮᠤᠢ᠃ ᠮᠠᠨ ᠤ᠋ ᠮᠣᠩᠭᠣᠯ ᠬᠡᠳᠦᠢ ᠴᠢᠭᠢᠷᠠᠭ ᠪᠣᠯᠪᠠᠴᠤ ᠭᠠᠭᠴᠠ ᠬᠠᠭᠠᠨ ᠤ᠋ ᠲᠡᠭᠷᠢ ᠶ᠋ᠢᠨ ᠰᠦᠷ ᠪᠤᠶᠠᠨ ᠳ᠋ᠤᠷ ᠢᠲᠡᠭᠡᠵᠦ ᠶᠠᠪᠤᠬᠤ ᠪᠣᠯᠠᠢ᠃ ᠬᠡᠷᠪᠡ ᠬᠠᠭᠠᠨ ᠤ᠋ ᠭᠡᠭᠡᠨ ᠨᠢᠭᠡᠨ ᠴᠠᠭ ᠰᠢᠨᠲᠠᠷᠠᠪᠠᠰᠤ ᠡᠳᠡᠭᠡᠷ ᠣᠯᠠᠨ ᠤ᠋ ᠰᠡᠳᠬᠢᠯ ᠵᠢᠷᠦᠬᠡ ᠵᠣᠷᠢᠭ ᠴᠢᠨᠠᠷ ᠴᠥᠮ ᠰᠤᠯᠠᠳᠴᠤ ᠠᠯᠳᠠᠷᠠᠭᠠᠳ ᠪᠤᠰᠤᠳ ᠲᠤᠷ ᠠᠯᠳᠠᠬᠤ ᠪᠤᠶᠤ᠃ ᠡᠳᠦᠭᠡ ᠬᠡᠷᠪᠡ ᠣᠯᠠᠨ ᠬᠣᠲᠠ ᠶ᠋ᠢ ᠰᠠᠭᠢᠭᠤᠯᠤᠭᠠᠳ ᠨᠢᠭᠡᠨ ᠬᠣᠶᠠᠷ ᠢᠨᠤ ᠠᠯᠲᠠᠨ ᠤᠯᠤᠰ ᠤ᠋ᠨ ᠠᠷᠭ᠎ᠠ ᠳ᠋ᠤᠷ ᠣᠷᠣᠵᠤ ᠳᠠᠷᠤᠭᠳᠠᠪᠠᠰᠤ᠂ ᠡᠨᠡ ᠳᠠᠷᠤᠢ ᠮᠠᠨ ᠤ᠋ ᠮᠣᠩᠭᠣᠯ ᠤ᠋ᠨ ᠰᠥᠰᠥ ᠬᠡᠮᠬᠡᠷᠡᠵᠦ᠂ ᠠᠯᠲᠠᠨ ᠤᠯᠤᠰ ᠤ᠋ᠨ ᠠᠷᠭ᠎ᠠ ᠪᠠᠨ ᠣᠯᠬᠤ ᠬᠠᠷᠠᠭ᠎ᠠ ᠪᠣᠯᠠᠢ᠃ ᠬᠠᠭᠠᠨ ᠤ᠋ ᠭᠡᠭᠡᠨ ᠬᠡᠷᠪᠡ ᠡᠨᠳᠡ ᠨᠢᠭᠡᠨ ᠡᠳᠦᠷ ᠠᠪᠠᠰᠤ ᠨᠢᠭᠡᠨ ᠡᠳᠦᠷ ᠢᠲᠡᠭᠡᠵᠦ ᠪᠣᠯᠤᠮᠤᠢ᠂ ᠬᠡᠷᠪᠡ ᠬᠠᠭᠠᠨ ᠤ᠋ ᠭᠡᠭᠡᠨ ᠡᠭᠡᠵᠦ ᠵᠠᠯᠠᠷᠠᠬᠤ ᠪᠣᠯᠪᠠᠰᠤ ᠲᠡᠷᠡ ᠡᠳᠦᠷ ᠡᠴᠡ ᠠᠯᠲᠠᠨ ᠤ᠋ ᠰᠦᠷ ᠳᠠᠬᠢᠨ ᠰᠡᠷᠭᠦᠬᠦ ᠪᠣᠯᠪᠠᠴᠤ ᠮᠠᠨ ᠤ᠋ ᠴᠡᠷᠢᠭ ᠦ᠋ᠨ ᠰᠡᠳᠬᠢᠯ ᠳᠣᠭᠰᠢᠷᠠᠮᠤᠢ᠃ ᠲᠡᠷᠡ ᠮᠡᠲᠦ ᠬᠢᠷᠢ ᠪᠡᠨ ᠪᠠᠷᠢᠭᠳᠠᠬᠤ ᠠ᠋ᠴᠠ ᠳᠠᠢᠰᠤᠨ ᠢ᠋ ᠬᠤᠷᠢᠶᠠᠭᠠᠳ ᠡᠰᠡ ᠳᠠᠭᠠᠭᠰᠠᠨ ᠢ᠋ ᠠᠨᠤ ᠪᠠᠢᠯᠳᠤᠵᠤ ᠠᠪᠤᠭᠠᠳ ᠬᠡᠳᠦᠨ ᠤᠳᠠᠭ᠎ᠠ ᠪᠣᠯᠬᠤ ᠦᠭᠡᠢ ᠴᠡᠷᠢᠭ ᠢᠷᠭᠡᠨ ᠪᠠᠢᠯᠳᠤᠪᠠᠴᠤ ᠳᠠᠷᠤᠭᠳᠠᠬᠤ ᠶ᠋ᠢ ᠮᠡᠳᠡᠭᠡᠳ ᠮᠠᠨ ᠤ᠋ ᠴᠡᠷᠢᠭ ᠢ᠋ ᠦᠵᠡᠮᠡᠭᠴᠡ ᠢᠷᠡᠵᠦ ᠳᠠᠭᠠᠬᠤ ᠠᠨᠤ ᠡᠩ ᠦ᠋ᠨ ᠶᠠᠪᠤᠳᠠᠯ ᠪᠣᠯᠤᠮᠤᠢ᠃ ᠵᠢᠴᠢ ᠨᠢᠭᠡᠨ ᠬᠣᠲᠠᠨ ᠳ᠋ᠤᠷ ᠠᠯᠲᠠᠨ ᠤᠯᠤᠰ ᠳᠠᠬᠢᠨ ᠲᠦᠰᠢᠮᠡᠯ ᠰᠠᠭᠤᠯᠭᠠᠬᠤᠢ ᠳ᠋ᠤᠷ ᠪᠠᠰᠠ ᠬᠦ᠌ ᠢᠷᠭᠡᠨ ᠦ᠌ ᠬᠦᠴᠦᠨ ᠢ᠋ ᠰᠦᠢᠳᠬᠡᠬᠦ ᠦᠭᠡᠢ ᠪᠡᠷ ᠰᠠᠩ ᠬᠥᠮᠥᠷᠭᠡ ᠴᠡᠷᠢᠭ ᠦ᠋ᠨ ᠲᠡᠵᠢᠭᠡᠯ ᠲᠡᠢ ᠪᠣᠯᠤᠮᠤᠢ᠃ ᠡᠭᠦᠨ ᠳ᠋ᠦ᠍ᠷ ᠲᠡᠭᠦᠨ ᠦ᠌ ᠢᠷᠭᠡᠨ ᠢᠨᠤ ᠥᠪᠡᠷ ᠦ᠋ᠨ ᠤᠯᠤᠰ ᠬᠠᠭᠠᠨ ᠤ᠋ ᠲᠦᠰᠢᠮᠡᠯ ᠢ᠋ ᠥᠰᠢᠶᠡᠲᠡᠨ ᠳᠠᠢᠰᠤᠨ ᠮᠡᠲᠦ ᠦᠵᠡᠵᠦ᠂ ᠰᠡᠳᠬᠢᠯ ᠡᠴᠡ ᠬᠣᠷᠣᠰᠴᠤ ᠬᠠᠷᠢᠨ ᠮᠠᠨ ᠤ᠋ ᠴᠡᠷᠢᠭ ᠢ᠋ ᠡᠷᠢᠵᠦ ᠢᠷᠡᠨ ᠳᠠᠭᠠᠬᠤ ᠶ᠋ᠢ ᠰᠠᠨᠠᠮᠤᠢ᠃ ᠡᠨᠡ ᠢᠨᠤ ᠨᠢᠭᠡᠨᠲᠡ ᠲᠣᠭᠲᠠᠭᠰᠠᠨ ᠬᠡᠷᠡᠭ᠃ ᠠᠯᠲᠠᠨ ᠤᠯᠤᠰ ᠤ᠋ᠨ ᠲᠦᠮᠡᠨ ᠢᠷᠭᠡᠨ ᠬᠠᠭᠠᠨ ᠢ᠋ ᠡᠴᠢᠭᠡ ᠡᠬᠡ ᠮᠡᠲᠦ ᠪᠠᠷᠠᠯᠬᠠᠬᠤᠢ ᠳ᠋ᠤᠷ ᠬᠦᠷᠪᠡᠰᠦ᠂ ᠡᠨᠡ ᠤᠯᠤᠰ ᠤ᠋ᠨ ᠨᠡᠷ᠎ᠡ ᠪᠠ ᠣᠯᠠᠨ ᠠᠷᠠᠳ ᠢ᠋ ᠲᠣᠭᠲᠠᠭᠠᠬᠤᠢ ᠳ᠋ᠤᠷ ᠶᠠᠮᠪᠠᠷ ᠪᠡᠷᠬᠡ ? ᠡᠨᠡ ᠮᠡᠲᠦ ᠪᠣᠯᠪᠠᠰᠤ ᠠᠯᠲᠠᠨ ᠤᠯᠤᠰ ᠤ᠋ᠨ ᠬᠦᠴᠦᠨ ᠪᠠᠭᠤᠷᠠᠵᠤ᠂ ᠭᠠᠷ ᠤ᠋ᠨ ᠠᠯᠠᠭ᠎ᠠ ᠤᠷᠪᠠᠭᠤᠯᠬᠤ ᠮᠡᠲᠦ ᠬᠢᠯᠪᠠᠷ ᠣᠯᠵᠤ ᠪᠣᠯᠤᠮᠤᠢ᠃ ᠮᠠᠨ ᠤ᠋ ᠴᠡᠷᠢᠭ ᠡᠰᠡ ᠰᠠᠬᠢᠪᠠᠴᠤ ᠰᠠᠬᠢᠭᠰᠠᠨ ᠮᠡᠲᠦ ᠪᠣᠯᠬᠤ ᠪᠣᠯᠠᠢ᠃ ᠡᠭᠦᠪᠡᠷ ᠦᠵᠡᠪᠡᠰᠦ ᠠᠪᠤᠭᠰᠠᠨ ᠬᠣᠲᠠ ᠨᠤᠭᠤᠳ ᠢ᠋ ᠡᠰᠡ ᠰᠠᠬᠢᠪᠠᠴᠤ ᠠᠯᠳᠠᠰᠢ ᠦᠭᠡᠢ ᠮᠡᠲᠦ᠃ ᠡᠨᠡ ᠠᠷᠭ᠎ᠠ ᠴᠥᠮ ᠤᠳᠠᠭᠠᠨ ᠤᠷᠲᠤ ᠠᠷᠭ᠎ᠠ – ᠠᠯᠲᠠᠨ ᠤᠯᠤᠰ ᠤ᠋ᠨ ᠲᠠᠷᠢᠬᠢ ᠴᠢᠮᠥᠭᠡ ᠶ᠋ᠢ ᠲᠠᠰᠤᠯᠬᠤ ᠠᠷᠭ᠎ᠠ᠃ ᠮᠠᠨ ᠤ᠋ ᠤᠯᠤᠰ ᠢ᠋ ᠬᠦᠰᠡᠬᠦ ᠢᠨᠤ ᠤᠯᠤᠰ ᠤ᠋ᠨ ᠢᠷᠭᠡᠨ ᠦ᠌ ᠰᠡᠳᠬᠢᠯ ᠢ᠋ ᠠᠪᠬᠤ ᠠᠳᠠᠯᠢ ᠲᠤᠯᠠ ᠤᠯᠤᠰ ᠤ᠋ᠨ ᠢᠷᠭᠡᠨ ᠢᠨᠤ ᠬᠠᠭᠤᠴᠢᠨ ᠡᠵᠡᠨ ᠢ᠋ᠶ᠋ᠡᠨ ᠭᠡᠭᠡᠵᠦ ᠲᠡᠪᠴᠢᠨ᠂ ᠮᠠᠨ ᠤ᠋ ᠤᠯᠤᠰ ᠢ᠋ ᠢᠯᠡᠭᠦᠦ ᠬᠦᠰᠡᠪᠡᠰᠦ ᠡᠨᠡ ᠴᠣᠬᠣᠮ ᠣᠯᠠᠨ ᠤ᠋ ᠰᠡᠳᠬᠢᠯ ᠢ᠋ ᠪᠠᠲᠤᠳᠠ ᠣᠯᠤᠭᠰᠠᠨ ᠪᠣᠯᠠᠢ᠃ ᠮᠠᠨ ᠤ᠋ ᠴᠡᠷᠢᠭ ᠬᠡᠳᠦᠢ ᠠᠯᠲᠠᠨ ᠤᠯᠤᠰ ᠲᠤᠷ ᠮᠣᠷᠳᠠᠵᠤ ᠪᠠᠢᠪᠠᠴᠤ ᠠᠯᠲᠠᠨ ᠤᠯᠤᠰ ᠤ᠋ᠨ ᠬᠠᠭᠠᠨ ᠪᠠ ᠲᠦᠰᠢᠮᠡᠯ ᠴᠡᠷᠢᠭ ᠬᠣᠭᠣᠷᠣᠨᠳᠣ ᠪᠠᠨ ᠮᠥᠨ ᠡᠭᠡᠨᠢᠭᠰᠢᠵᠦ ᠪᠠᠢᠬᠤ ᠪᠣᠢ ‍ᠶ᠎ᠠ᠂ ᠢᠷᠭᠡᠨ ᠢᠨᠤ ᠬᠠᠷᠠᠬᠠᠨ ᠵᠠᠪᠰᠢᠶᠠᠨ ᠢ᠋ ᠣᠯᠬᠤ ᠠᠨᠤ ᠣᠯᠠᠨ ᠭᠠᠷᠬᠤ ᠲᠤᠯᠠ ᠭᠡᠳᠡᠷᠭᠦ ᠳᠠᠢᠰᠤᠨ ᠢ᠋ ᠬᠦᠰᠡᠬᠦ ᠳ᠋ᠦ᠍ᠷ ᠬᠥᠷᠥᠮᠦᠢ᠃ ᠲᠡᠢᠨ ᠬᠦ᠌ ᠡᠨᠡ ᠦᠶ᠎ᠡ ᠳ᠋ᠦ᠍ᠷ ᠲᠦᠰᠢᠮᠡᠯ ᠵᠠᠩᠵᠤᠨ ᠴᠡᠷᠢᠭ ᠢ᠋ ᠬᠤᠪᠢᠶᠠᠵᠤ ᠬᠣᠲᠠ ᠶ᠋ᠢ ᠰᠠᠬᠢᠭᠤᠯᠬᠤ ᠠᠨᠤ ᠪᠠᠬᠠᠨ ᠪᠠᠰᠠ ᠡᠷᠲᠡ ᠪᠣᠯᠤᠮᠤᠢ᠃ ᠮᠠᠨ ᠤ᠋ ᠮᠣᠩᠭᠣᠯ ᠤ᠋ᠨ ᠵᠠᠩ ᠴᠦᠯᠢᠰ ᠲᠤᠯᠠ ᠬᠣᠲᠠ ᠶ᠋ᠢ ᠰᠠᠬᠢᠭᠤᠯᠪᠠᠰᠤ ᠯᠠᠪ ᠢᠷᠭᠡᠳ ᠢ᠋ ᠬᠠᠰᠢᠷᠭᠠᠮᠤᠢ᠂ ᠢᠷᠭᠡᠳ ᠢ᠋ ᠬᠠᠰᠢᠷᠭᠠᠪᠠᠰᠤ ᠣᠳᠣ ᠲᠡᠭᠦᠨ ᠦ᠌ ᠳᠡᠭᠡᠳᠦᠰ ᠳᠣᠣᠷᠠᠳᠤᠰ ᠪᠦᠭᠦᠳᠡᠭᠡᠷ ᠰᠡᠳᠬᠢᠯ ᠨᠢᠭᠡᠳᠴᠦ ᠲᠡᠭᠦᠨ ᠢ᠋ ᠡᠪᠳᠡᠬᠦᠢ ᠳ᠋ᠦ᠍ᠷ ᠪᠡᠷᠬᠡ ᠪᠣᠯᠤᠮᠤᠢ᠃ ᠬᠡᠳᠦᠨ ᠵᠢᠯ ᠦ᠋ᠨ ᠬᠣᠭᠣᠷᠣᠨᠳᠣ ᠮᠥᠨ ᠬᠦ᠌ ᠡᠨᠡ ᠠᠯᠲᠠᠨ ᠤᠯᠤᠰ ᠤ᠋ᠨ ᠳᠣᠲᠣᠷ᠎ᠠ ᠠ᠋ᠴᠠ ᠭᠣᠣ ᠪᠤᠤ ᠢᠦᠢ᠂ ᠰᠢᠮᠤ ᠮᠢᠩᠭᠠᠨ ᠨᠠᠷ ᠤ᠋ᠨ ᠮᠡᠲᠦ ᠪᠣᠯᠣᠮᠠᠢ ᠬᠡᠳᠦ ᠬᠡᠳᠦᠨ ᠰᠠᠢᠳ ᠪᠢᠳᠡᠨ ᠦ᠌ ᠮᠣᠩᠭᠣᠯ ᠳ᠋ᠤᠷ ᠳᠠᠭᠠᠵᠤ ᠲᠤᠰᠠᠯᠠᠭᠰᠠᠨ ᠢ᠋ᠶ᠋ᠠᠷ ᠮᠠᠨ ᠤ᠋ ᠮᠣᠩᠭᠣᠯ ᠳ᠋ᠤᠷ ᠮᠠᠰᠢ ᠠᠮᠤᠷ ᠪᠥᠭᠡᠳ ᠪᠠᠰᠠ ᠣᠯᠠᠨ ᠢᠷᠭᠡᠨ ᠦ᠌ ᠰᠡᠳᠬᠢᠯ ᠢ᠋ ᠶᠡᠬᠡᠯ᠎ᠡ ᠣᠯᠤᠭᠰᠠᠨ ᠲᠤᠯᠠ ᠲᠦᠮᠡᠯᠡᠪᠡᠰᠦ ᠬᠠᠭᠠᠨ ᠤ᠋ ᠭᠡᠭᠡᠨ ᠡᠮᠦᠨ᠎ᠡ ᠵᠦᠭ ᠲᠦ᠍ᠷ ᠳᠡᠪᠰᠢᠬᠦ ᠶ᠋ᠢ ᠰᠡᠳᠬᠢᠯ ᠲᠠᠯᠪᠢᠪᠠᠰᠤ ᠵᠣᠬᠢᠮᠤᠢ 》ᠬᠡᠮᠡᠪᠡᠢ᠃ ᠬᠠᠭᠠᠨ ᠤ᠋ ᠭᠡᠭᠡᠨ ᠮᠤᠬᠤᠯᠢ ᠶ᠋ᠢᠨ ᠡᠨᠡ ᠨᠢᠭᠡᠨ ᠪᠦᠯᠦᠭ ᠦ᠋ᠨ ᠦᠭᠡᠨ ᠳ᠋ᠦ᠍ᠷ ᠶᠡᠬᠡᠳᠡ ᠪᠡᠶᠡᠰᠦᠨ ᠵᠥᠪᠰᠢᠶᠡᠵᠦ᠂ ᠬᠠᠷᠢᠭᠤ ᠵᠠᠷᠯᠢᠭ ᠪᠣᠯᠤᠷᠤᠨ : 《ᠠᠯᠲᠠᠨ ᠤᠯᠤᠰ ᠤ᠋ᠨ ᠬᠦᠴᠦᠨ ᠢ᠋ ᠮᠣᠬᠣᠭᠠᠬᠤ ᠠᠨᠤ ᠡᠭᠡᠨᠡᠭᠲᠡ ᠢᠷᠭᠡᠨ ᠦ᠌ ᠬᠦᠴᠦᠨ ᠮᠣᠬᠣᠬᠤᠢ ᠳ᠋ᠤᠷ ᠪᠣᠢ ᠪᠣᠯᠠᠢ᠃ ᠢᠷᠭᠡᠨ ᠦ᠌ ᠬᠦᠴᠦᠨ ᠨᠢᠭᠡᠨᠲᠡ ᠮᠣᠬᠣᠪᠠᠰᠤ ᠪᠠᠰᠠ ᠬᠣᠭᠣᠰᠣᠨ ᠤᠯᠤᠰ ᠢ᠋ ᠠᠨᠤ ᠠᠪᠴᠤ ᠶᠠᠭᠤ ᠬᠢᠬᠦ ? ᠬᠡᠮᠡᠭᠰᠡᠨ ᠳ᠋ᠦ᠍ᠷ ᠮᠤᠬᠤᠯᠢ ᠮᠥᠷᠭᠥᠵᠦ ᠠᠢᠯᠠᠳᠬᠠᠷᠤᠨ : 《ᠬᠠᠭᠠᠨ ᠤ᠋ ᠡᠨᠡ ᠵᠠᠷᠯᠢᠭ ᠴᠣᠬᠣᠮ ᠲᠦᠮᠡᠨ ᠦᠶ᠎ᠡ ᠶ᠋ᠢᠨ ᠤᠯᠤᠰ ᠪᠠᠢᠭᠤᠯᠬᠤ ᠬᠠᠭᠠᠨ ᠤ᠋ ᠲᠡᠷᠢᠭᠦᠨ ᠨᠢᠭᠡᠨ ᠬᠢᠴᠢᠶᠡᠯ ᠰᠠᠬᠢᠯ ᠪᠣᠯᠠᠢ ᠃ ᠬᠡᠳᠦᠢ ᠲᠡᠢᠨ ᠪᠣᠯᠪᠠᠴᠤ ᠠᠯᠲᠠᠨ ᠤᠯᠤᠰ ᠲᠩᠷᠢ ᠶ᠋ᠢ ᠰᠥᠷᠴᠦ ᠰᠢᠳᠤᠷᠭᠤ ᠪᠠᠷ ᠳᠠᠭᠠᠬᠤ ᠦᠭᠡᠢ ᠳ᠋ᠦ᠍ᠷ ᠬᠣᠶᠠᠷ ᠤᠯᠤᠰ ᠬᠠᠷᠢᠯᠴᠠᠨ ᠲᠡᠮᠡᠴᠡᠯᠳᠦᠬᠦᠢ ᠳ᠋ᠦ᠍ᠷ ᠣᠯᠠᠨ ᠠᠷᠠᠳ ᠠᠮᠤᠷ ᠢ᠋ ᠣᠯᠬᠤ ᠦᠭᠡᠢ᠂ ᠵᠢᠴᠢ ᠢᠷᠭᠡᠨ ᠢ᠋ ᠠᠮᠤᠭᠤᠯᠬᠤ ᠦᠭᠡᠢ᠃ ᠬᠡᠳᠦᠢ ᠮᠠᠨ ᠤ᠋ ᠴᠡᠷᠢᠭᠯᠡᠭᠰᠡᠨ ᠤᠴᠢᠷ ᠪᠣᠯᠪᠠᠴᠤ ᠨᠢᠭᠤᠷ ᠲᠤᠯᠤᠨ ᠭᠠᠷ ᠠ᠋ᠴᠠ ᠠᠪᠬᠤ ᠠᠨᠤ ᠠᠯᠲᠠᠨ ᠤᠯᠤᠰ ᠲᠤᠯᠠ ᠲᠡᠳᠡᠭᠡᠷ ᠢᠷᠭᠡᠳ ᠥᠪᠡᠷ ᠦ᠋ᠨ ᠠᠯᠲᠠᠨ ᠤᠯᠤᠰ ᠲᠤᠷ ᠢ᠋ᠶ᠋ᠠᠨ ᠬᠣᠷᠣᠰᠴᠤ ᠰᠠᠨᠠᠬᠤ ᠪᠣᠢ ‍ᠶ᠎ᠠ ᠮᠠᠨ ᠳ᠋ᠤᠷ ᠬᠣᠷᠣᠰᠴᠤ ᠦᠯᠦ ᠪᠣᠯᠤᠮᠤᠢ᠃ ᠴᠡᠷᠢᠭ ᠦ᠋ᠨ ᠬᠡᠷᠡᠭ ᠲᠤᠯᠠ ᠵᠠᠪᠰᠢᠶᠠᠨ ᠢ᠋ ᠣᠯᠬᠤ ᠶ᠋ᠢ ᠭᠣᠣᠯ ᠪᠣᠯᠭᠠᠮᠤᠢ᠃ ᠬᠣᠷᠣᠰᠤᠯ ᠢ᠋ ᠣᠯᠬᠤ ᠠᠨᠤ ᠠᠯᠲᠠᠨ ᠤ᠋ ᠡᠵᠡᠨ ᠰᠠᠢᠨ ᠢ᠋ ᠣᠯᠬᠤ ᠠᠨᠤ ᠪᠢᠳᠡᠨ ᠦ᠌ ᠮᠣᠩᠭᠣᠯ᠃ ᠡᠢᠨ ᠪᠣᠯᠪᠠᠰᠤ ᠡᠭᠦᠨ ᠢ᠋ ᠲᠡᠭᠷᠢ ᠶ᠋ᠢᠨ ᠥᠷᠥᠰᠢᠶᠡᠬᠦ ᠲᠣᠬᠢᠶᠠᠯ ᠬᠡᠮᠡᠬᠦ ᠪᠥᠯᠥᠭᠡ᠂ ᠰᠠᠢᠳ ᠪᠢ ᠨᠢᠳᠤᠨᠤᠨ ᠵᠢᠯ ᠠᠯᠲᠠᠨ ᠳ᠋ᠤᠷ ᠴᠡᠷᠢᠭ ᠮᠣᠷᠳᠠᠨ ᠣᠷᠣᠬᠤᠢ ᠳ᠋ᠤᠷ ᠡᠨᠡ ᠮᠡᠲᠦ ᠲᠣᠬᠢᠶᠠᠯ ᠪᠣᠯᠬᠤ ᠶ᠋ᠢ ᠰᠠᠨᠠᠭᠰᠠᠨ ᠦᠭᠡᠢ ᠪᠣᠯᠠᠢ᠃ ᠡᠳᠦᠭᠡ ᠠᠯᠲᠠᠨ ᠤᠯᠤᠰ ᠲᠤᠷ ᠣᠷᠣᠵᠤ ᠢᠷᠡᠨ ᠬᠣᠶᠠᠷ ᠣᠨ ᠪᠣᠯᠵᠤ ᠦᠵᠡᠬᠦᠯ᠎ᠡ ᠠᠯᠲᠠᠨ ᠤᠯᠤᠰ ᠨᠢᠭᠡᠨᠲᠡ ᠴᠥᠮ ᠬᠣᠭᠣᠰᠣᠷᠠᠨ ᠨᠠᠷᠢᠨ ᠡᠪᠡᠳᠴᠢᠲᠦ ᠬᠥᠮᠦᠨ ᠮᠡᠲᠦ ᠭᠠᠭᠴᠠ ᠪᠡᠶ᠎ᠡ ᠶ᠋ᠢᠨ ᠳᠦᠷᠢᠮ ᠲᠡᠳᠦᠢ ᠯᠡ ᠦᠵᠡᠭᠳᠡᠵᠦ᠂ ᠴᠣᠬᠣᠮ ᠮᠥᠬᠥᠬᠦ ᠰᠥᠨᠥᠬᠦ ᠢᠨᠦ ᠯᠠᠪ ᠪᠣᠯᠵᠤᠬᠤᠢ᠃ ᠬᠠᠭᠠᠨ ᠠᠢᠯᠠᠳᠤᠨ ᠰᠣᠶᠣᠷᠬ᠎ᠠ᠂ ᠠᠯᠲᠠᠨ ᠤᠯᠤᠰ ᠤ᠋ᠨ ᠠᠯᠢ ᠨᠢᠭᠡᠨ ᠠᠨᠤ ᠦᠨᠡᠨ ᠵᠦᠢᠯ ᠪᠣᠢ ? ᠲᠦᠰᠢᠮᠡᠯ ᠢᠨᠤ ᠡᠵᠡᠨ ᠳ᠋ᠦ᠍ᠷ ᠢ᠋ᠶ᠋ᠡᠨ ᠬᠣᠷᠣᠰᠤᠯᠲᠠᠢ᠂ ᠢᠷᠭᠡᠨ ᠢᠨᠤ ᠲᠦᠰᠢᠮᠡᠯ ᠳ᠋ᠦ᠍ᠷ ᠢ᠋ᠶ᠋ᠡᠨ ᠬᠣᠷᠣᠰᠤᠯᠲᠠᠢ᠂ ᠴᠡᠷᠢᠭ ᠢᠨᠤ ᠶᠤᠸᠠᠨᠱᠤᠸᠠᠢ ᠳ᠋ᠠᠭᠠᠨ ᠬᠣᠷᠣᠰᠤᠯᠲᠠᠢ᠂ ᠵᠠᠩᠵᠤᠨ ᠠᠨᠤ ᠴᠡᠷᠢᠭ ᠲᠦ᠍ᠷ ᠢ᠋ᠶ᠋ᠠᠨ ᠬᠣᠷᠣᠰᠤᠯᠲᠠᠢ᠂ ᠡᠨᠡ ᠢᠨᠤ ᠠᠯᠲᠠᠨ ᠤᠯᠤᠰ ᠥᠩᠭᠡ ᠶᠠᠩᠵᠤ ᠬᠣᠭᠣᠰᠣᠨ ᠳᠦᠷᠢᠮ ᠢ᠋ ᠬᠢᠴᠢᠶᠡᠭᠰᠡᠭᠡᠷ ᠲᠠᠷᠢᠬᠢ ᠴᠢᠮᠥᠭᠡ ᠬᠣᠭᠣᠰᠣᠷᠠᠵᠤᠬᠤᠢ᠃ ᠥᠪᠡᠷ ᠢ᠋ᠶ᠋ᠡᠨ ᠶᠢᠰᠦᠨ ᠳᠠᠪᠬᠤᠷ ᠤ᠋ᠨ ᠭᠦᠨ ᠣᠷᠳᠣᠨ ᠤ᠋ ᠴᠡᠩᠭᠡᠯ ᠢ᠋ ᠡᠨᠡ ᠨᠠᠰᠤᠨ᠎ᠠ ᠡᠳ᠋ᠯᠡᠵᠦ ᠰᠡᠳᠬᠢᠯ ᠵᠣᠪᠠᠬᠤ ᠦᠭᠡᠢ᠂ ᠤᠯᠤᠰ ᠤ᠋ᠨ ᠬᠡᠷᠡᠭ ᠢ᠋ ᠭᠡᠳᠡᠷᠭᠦ ᠪᠡᠶ᠎ᠡ ᠶ᠋ᠢᠨ ᠳᠠᠢᠰᠤᠨ ᠮᠡᠲᠦ ᠦᠵᠡᠵᠦ ᠤᠴᠢᠷ ᠦᠭᠡᠢ ᠰᠤᠯᠠ ᠴᠠᠭᠠᠵᠠ ᠠᠨᠤ ᠠᠭᠠᠯᠵᠢ ᠶ᠋ᠢᠨ ᠲᠣᠣᠷ ᠮᠡᠲᠦ ᠨᠢᠭᠲᠠ ᠪᠣᠯᠤᠭᠠᠳ ᠵᠠᠯᠢᠬᠠᠢ ᠵᠢᠰᠤᠷ ᠲᠡᠭᠦᠨ ᠦ᠌ ᠴᠠᠭᠠᠵᠠ ᠶ᠋ᠢ ᠪᠠᠷᠢᠵᠤ ᠲᠡᠭᠦᠨ ᠦ᠌ ᠶᠣᠰᠣ ᠶ᠋ᠢ ᠡᠪᠳᠡᠵᠦ᠂ ᠣᠯᠠᠨ ᠢᠷᠭᠡᠨ ᠢ᠋ ᠮᠥᠯᠵᠢᠭᠰᠡᠨ ᠢ᠋ᠶ᠋ᠡᠷ ᠰᠠᠶᠢ ᠡᠨᠡ ᠡᠳᠦᠷ ᠡᠴᠢᠭᠡ ᠬᠥᠪᠡᠭᠦᠨ ᠡᠳ᠋ ᠢ᠋ ᠲᠡᠮᠡᠴᠡᠵᠦ᠂ ᠡᠷ᠎ᠡ ᠡᠮ᠎ᠡ ᠨᠡᠷ᠎ᠡ ᠶ᠋ᠢ ᠲᠡᠮᠡᠴᠡᠨ᠂ ᠡᠵᠡᠨ ᠡᠴᠡ ᠪᠡᠨ ᠲᠡᠷᠢᠭᠦᠯᠡᠨ ᠢᠷᠭᠡᠨ ᠳ᠋ᠦ᠍ᠷ ᠬᠦᠷᠲᠡᠯ᠎ᠡ ᠵᠢᠷᠭᠠᠯ ᠢ᠋ ᠬᠢᠴᠢᠶᠡᠭᠰᠡᠨ ᠢ᠋ᠶ᠋ᠡᠷ ᠡᠳ᠋ ᠦ᠋ᠨ ᠠᠮᠲᠠᠨ ᠢ᠋ ᠣᠯᠵᠤ᠂ ᠲᠡᠢᠨ ᠬᠦ᠌ ᠡᠳ᠋ ᠡᠷᠢᠵᠦ ᠪᠦᠲᠦᠭᠡᠬᠦᠢ ᠳ᠋ᠦ᠍ᠷ ᠴᠥᠮ ᠵᠠᠯᠢᠬᠠᠢ ᠵᠢᠰᠤᠷ ᠢ᠋ ᠭᠣᠣᠯ ᠪᠣᠯᠭᠠᠨ᠂ ᠢᠷᠭᠡᠨ ᠢᠨᠤ ᠡᠵᠡᠨ ᠢ᠋ᠶ᠋ᠡᠨ ᠦᠵᠡᠬᠦ ᠦᠭᠡᠢ᠂ ᠡᠵᠡᠨ ᠢᠨᠤ ᠢᠷᠭᠡᠨ ᠢ᠋ᠶ᠋ᠡᠨ ᠥᠷᠥᠰᠢᠶᠡᠨ ᠴᠢᠳᠠᠬᠤ ᠦᠭᠡᠢ ᠂ ᠵᠠᠪᠰᠠᠷ ᠲᠤᠷ ᠠᠨᠤ ᠵᠠᠯᠢᠬᠠᠢ ᠲᠦᠰᠢᠮᠡᠯ ᠵᠠᠪᠰᠢᠶᠠᠨ ᠢ᠋ ᠣᠯᠵᠤ ᠳᠡᠭᠡᠭᠰᠢ ᠮᠡᠬᠡᠯᠡᠨ ᠳᠣᠷᠣᠭᠰᠢ ᠶ᠋ᠢ ᠮᠥᠯᠵᠢᠭᠰᠡᠭᠡᠷ᠂ ᠡᠵᠡᠨ ᠢᠨᠤ ᠮᠥᠬᠥᠵᠦ ᠠᠪᠲᠠᠬᠤᠢ ᠳ᠋ᠤᠷ ᠬᠦᠷᠦᠭᠡᠳ ᠢᠷᠭᠡᠨ ᠢᠨᠤ ᠬᠣᠷᠣᠰᠴᠤ ᠤᠷᠪᠠᠬᠤᠢ ᠳ᠋ᠤᠷ ᠬᠦᠷᠦᠭᠰᠡᠨ ᠢᠨᠦ ᠪᠤᠰᠤ ᠤᠤ ?》ᠬᠡᠮᠡᠭᠰᠡᠨ ᠳ᠋ᠦ᠍ᠷ ᠬᠠᠭᠠᠨ ᠭᠡᠭᠡᠨ ᠮᠠᠰᠢᠳᠠ ᠪᠡᠶᠡᠰᠦᠨ ᠵᠠᠷᠯᠢᠭ ᠪᠣᠯᠤᠷᠤᠨ : 《ᠮᠢᠩᠭᠠᠨ ᠴᠠᠭᠠᠰᠤ ᠶ᠋ᠢ ᠬᠤᠷᠴᠠ ᠰᠦᠬᠡ ᠪᠡᠷ ᠴᠠᠪᠴᠢᠬᠤ᠂ ᠨᠢᠭᠡᠨ ᠴᠠᠭᠠᠰᠤ ᠶ᠋ᠢ ᠬᠤᠷᠴᠠ ᠰᠦᠬᠡ ᠪᠡᠷ ᠴᠠᠪᠴᠢᠬᠤ ᠳᠠᠭᠤᠨ ᠠᠨᠤ ᠨᠢᠭᠡᠨ ᠪᠣᠯᠪᠠᠴᠤ ᠬᠠᠲᠠᠭᠤ ᠠᠨᠤ ᠢᠯᠭᠠᠯᠲᠠᠢ ᠮᠡᠲᠦ᠂ ᠵᠢᠨᠦᠩ ᠦ᠋ᠨ ᠮᠢᠨᠦ ᠦᠭᠡ ᠮᠠᠰᠢ ᠦᠨᠡᠨᠴᠢ ᠪᠥᠭᠡᠳ ᠰᠢᠳᠤᠷᠭᠤ !》ᠭᠡᠮᠡᠨ ᠰᠠᠢᠰᠢᠶᠠᠵᠤ᠂ ᠣᠯᠠᠨ ᠴᠡᠷᠢᠭ ᠢ᠋ ᠢᠯᠭᠠᠨ ᠰᠠᠯᠭᠠᠨ ᠬᠥᠬᠢᠭᠦᠯᠪᠡ᠃  

ᠰᠤᠳᠤᠷᠴᠢ ᠲᠤᠰᠢᠮᠡᠯ ᠦ᠋ᠨ ᠰᠤᠯᠠ ᠰᠢᠯᠦᠭ ᠢᠨᠤ :   
             ᠠᠯᠲᠠᠨ ᠭᠠᠳᠠᠰᠤ ᠶ᠋ᠢ ᠲᠣᠭᠣᠷᠢᠵᠤ ᠪᠦᠬᠦᠢ ᠣᠳᠣᠨ ᠭᠠᠷᠠᠭ ᠴᠤᠭᠯᠠᠭᠠᠳ  
             ᠠᠷᠤ ᠭᠠᠵᠠᠷ᠎ᠠ ᠪᠣᠳᠠᠲᠠᠶ᠎ᠠ ᠰᠠᠢᠳ ᠮᠡᠷᠭᠡᠳ ᠬᠤᠷᠠᠵᠤ ᠲᠥᠷᠥᠪᠡᠢ᠂ 
             ᠠᠷᠭ᠎ᠠ ᠬᠦᠴᠦᠨ ᠬᠣᠣᠰ ᠪᠦᠷᠢᠳᠴᠦ ᠪᠣᠳᠣᠬᠤ ᠰᠢᠭᠦᠮᠵᠢᠯᠡᠬᠦ ᠨᠠᠷᠢᠨ  
             ᠠᠯᠢᠪᠠ ᠵᠦᠢᠯ ᠳ᠋ᠦ᠍ᠷ ᠲᠡᠭᠷᠢ ᠲᠤᠯᠵᠤ ᠬᠠᠭᠠᠨ ᠲᠥᠷᠥ ᠶ᠋ᠢ ᠪᠦᠲᠦᠭᠡᠪᠡᠢ᠃