ᠬᠥᠬᠡ ᠰᠤᠳᠤᠷ - ᠢᠨᠵᠠᠨᠨᠠᠰᠢ <ᠭᠤᠴᠢᠨ ᠨᠢᠭᠡᠳᠦᠭᠡᠷ ᠪᠦᠯᠦᠭ > Хөх судар - Инжинаш <Гучин нэгдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠨᠢᠭᠡᠳᠦᠭᠡᠷ ᠪᠦᠯᠦᠭ > Хөх судар - Инжинаш <Гучин нэгдүгээр бүлэг >

ᠬᠥᠬᠡ ᠰᠤᠳᠤᠷ - ᠢᠨᠵᠠᠨᠨᠠᠰᠢ <ᠭᠤᠴᠢᠨ ᠨᠢᠭᠡᠳᠦᠭᠡᠷ ᠪᠦᠯᠦᠭ > Хөх судар - Инжинаш <Гучин нэгдүгээр бүлэг >

ᠠᠩᠭᠢᠯᠠᠯ:ᠲᠡᠦᠬᠡ ᠰᠣᠶᠣᠯ
2023-08-26

264

ᠵᠢᠨᠦᠩ ᠮᠤᠬᠤᠯᠢ ᠶᠢᠰᠦᠨ ᠵᠦᠢᠯ ᠦ᠋ᠨ ᠡᠷᠳᠡᠨᠢ ᠪᠡᠷ ᠨᠠᠢ᠍ᠮᠠᠨ ᠤᠯᠤᠰ ᠢ᠋ ᠡᠪᠳᠡᠪᠡ

ᠲᠠᠢᠽᠤ ᠪᠣᠭᠳᠠ ᠭᠤᠷᠪᠠᠨ ᠬᠤᠨᠳᠠᠭ᠎ᠠ ᠳᠡᠷᠡᠰᠦᠨ ᠢ᠋ᠶ᠋ᠡᠷ ᠶᠢᠰᠦᠨ ᠠᠢᠮᠠᠭ ᠢ᠋ ᠳᠠᠭᠠᠭᠤᠯᠪᠠ


               ᠭᠤᠴᠢᠨ ᠨᠢᠭᠡᠳᠦᠭᠡᠷ ᠪᠦᠯᠦᠭ  
                    ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠲᠠᠢ ᠶ᠋ᠢᠨ ᠲᠡᠷᠢᠭᠦᠨ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ 
                           ᠲᠠᠢ ᠾᠧ ᠶ᠋ᠢᠨ ᠲᠡᠷᠢᠭᠦᠨ ᠣᠨ ᠂ ᠴᠠᠭᠠᠭᠴᠢᠨ ᠲᠠᠬᠢᠶ᠎ᠠ ᠵᠢᠯ᠂ ᠲᠠᠢᠽᠦ ᠳᠥᠴᠢᠨ ᠰᠡᠭᠦᠳᠡᠷ ᠲᠡᠢ 

            ᠵᠢᠨᠦᠩ ᠮᠤᠬᠤᠯᠢ ᠶᠢᠰᠦᠨ ᠵᠦᠢᠯ ᠦ᠋ᠨ ᠡᠷᠳᠡᠨᠢ ᠪᠡᠷ ᠨᠠᠢ᠍ᠮᠠᠨ ᠤᠯᠤᠰ ᠢ᠋ ᠡᠪᠳᠡᠪᠡ 
            ᠲᠠᠢᠽᠦ ᠪᠣᠭᠳᠠ ᠭᠤᠷᠪᠠᠨ ᠬᠤᠨᠳᠠᠭ᠎ᠠ ᠳᠡᠷᠡᠰᠦᠨ ᠢ᠋ᠶ᠋ᠡᠷ ᠶᠢᠰᠦᠨ ᠠᠢᠮᠠᠭ ᠢ᠋ ᠳᠠᠭᠠᠭᠤᠯᠪᠠ  

       ᠵᠢᠴᠢ ᠥᠭᠦᠯᠡᠬᠦ ᠢᠨᠦ᠂ ᠮᠤᠬᠤᠯᠢ ᠭᠠᠷᠴᠤ ᠢᠷᠡᠪᠡᠰᠦ ᠱᠠᠯᠵᠢᠲᠠᠢ ᠶ᠋ᠢᠨ ᠳᠥᠴᠢᠭᠡᠳ ᠬᠥᠮᠦᠨ ᠡᠴᠡ ᠨᠢᠭᠡᠨ ᠢᠨᠦ ᠠᠯᠳᠠᠭᠤᠯᠤᠨ ᠭᠠᠷᠴᠤ ᠴᠡᠷᠢᠭ ᠦ᠋ᠨ ᠮᠣᠷᠢᠨ ᠠ᠋ᠴᠠ ᠨᠢᠭᠡᠨ ᠢ᠋ ᠰᠢᠭᠦᠷᠡᠨ ᠤᠨᠤᠵᠤ ᠳᠤᠲᠠᠭᠠᠪᠠ ᠬᠡᠮᠡᠬᠦ ᠶ᠋ᠢ ᠰᠣᠨᠣᠰᠴᠤ ᠮᠥᠨ ᠨᠡᠭᠡᠭᠦᠯᠦᠭᠰᠡᠨ ᠦᠭᠡᠢ᠃ 
       ᠲᠡᠨᠳᠡᠴᠡ ᠲᠠᠢᠶᠠᠩ ᠬᠠᠭᠠᠨ ᠪᠧᠲ᠋ᠠ᠋ ᠤᠯᠤᠰ ᠠ᠋ᠴᠠ ᠳᠤᠲᠠᠭᠠᠨ ᠢᠷᠡᠭᠰᠡᠨ ᠴᠡᠷᠢᠭ ᠢ᠋ ᠣᠷᠣᠭᠤᠯᠵᠤ᠂ ᠪᠧᠲ᠋ᠠ᠋ ᠤᠯᠤᠰ ᠤ᠋ᠨ ᠴᠡᠷᠢᠭ ᠦ᠋ᠨ ᠳᠣᠲᠣᠭᠠᠳᠤ ᠤᠴᠢᠷ ᠢ᠋ ᠠᠰᠠᠭᠤᠪᠠᠰᠤ ᠲᠡᠷᠡ ᠬᠥᠮᠦᠨ ᠰᠢᠷᠣᠢ ᠶ᠋ᠢᠨ ᠭᠢᠨᠳᠠᠨ ᠠ᠋ᠴᠠ ᠭᠠᠷᠴᠤ ᠢᠷᠡᠮᠡᠭᠴᠡ ᠳᠤᠲᠠᠭᠠᠨ ᠢᠷᠡᠭᠰᠡᠨ ᠲᠤᠯᠠ ᠠᠯᠢᠪᠠ ᠵᠦᠢᠯ ᠢ᠋ ᠡᠰᠡ ᠮᠡᠳᠡᠮᠦᠢ᠃ ᠭᠠᠭᠴᠠ ᠪᠧᠲ᠋ᠠ᠋ ᠤᠯᠤᠰ ᠤ᠋ᠨ ᠵᠠᠯᠮ᠎ᠠ᠂ ᠮᠤᠬᠤᠯᠢ ᠶ᠋ᠢᠨ ᠡᠳ᠋ ᠢ᠋ ᠠᠪᠴᠤ ᠤᠷᠪᠠᠭᠠᠳ ᠲᠡᠭᠦᠨ ᠦ᠌ ᠳᠡᠭᠦᠦ ᠶ᠋ᠢ ᠠᠯᠠᠮᠤᠢ ᠭᠡᠮᠡᠨ ᠡᠭᠡᠭᠦᠯᠦᠭᠰᠡᠨ ᠢ᠋ ᠮᠡᠳᠡᠭᠦᠯᠦᠭᠡᠳ ᠪᠠᠰᠠ ᠪᠧᠲ᠋ᠠ᠋ ᠤᠯᠤᠰ ᠤ᠋ᠨ ᠮᠣᠷᠢᠨ ᠤ᠋ ᠬᠦᠴᠦᠨ ᠢ᠋ ᠮᠠᠰᠢ ᠡᠴᠡᠩᠭᠢᠷ ᠢ᠋ ᠮᠡᠳᠡᠮᠦᠢ᠃ ᠲᠠᠢᠶᠠᠩ ᠬᠠᠭᠠᠨ ᠲᠡᠭᠦᠨ ᠦ᠌ ᠤᠨᠤᠵᠤ ᠢᠷᠡᠭᠰᠡᠨ ᠮᠣᠷᠢᠨ ᠢ᠋ ᠦᠵᠡᠵᠦ ᠣᠯᠠᠨ ᠯᠤᠭ᠎ᠠ ᠪᠠᠨ ᠵᠥᠪᠯᠡᠨ ᠥᠭᠦᠯᠡᠷᠦᠨ : 《 ᠪᠧᠲ᠋ᠠ᠋ ᠤᠯᠤᠰ ᠤ᠋ᠨ ᠮᠣᠷᠢᠨ ᠮᠠᠰᠢ ᠲᠤᠷᠠᠵᠤᠬᠤᠢ᠃ ᠪᠢᠳᠡ ᠪᠡᠷᠬᠡ ᠬᠠᠪᠴᠢᠯ ᠭᠠᠵᠠᠷ ᠢ᠋ ᠦᠵᠡᠵᠦ᠂ ᠪᠧᠲ᠋ᠠ᠋ ᠤᠯᠤᠰ ᠤ᠋ᠨ ᠴᠡᠷᠢᠭ ᠢ᠋ ᠮᠡᠬᠡᠯᠡᠨ ᠣᠷᠣᠭᠤᠯᠵᠤ ᠬᠠᠭᠠᠵᠤ ᠬᠠᠲᠠᠭᠠᠨ ᠠᠯᠠᠪᠠᠰᠤ᠂ ᠡᠨᠡ ᠴᠡᠷᠢᠭ ᠢ᠋ ᠯᠠᠪ ᠲᠠᠢᠯᠵᠤ ᠪᠣᠯᠤᠮᠤᠢ ! 》ᠬᠡᠮᠡᠬᠦᠢ ᠳ᠋ᠦ᠍ᠷ ᠬᠣᠯᠠᠰᠤᠪᠴᠢ᠂ ᠴᠢᠦᠢ ᠴᠦ᠍ ᠯᠢᠦᠢ᠂ ᠴᠢᠦᠢ ᠱᠢ ᠯᠢ ᠭᠤᠷᠪᠠᠨ ᠵᠠᠩᠵᠤᠨ ᠭᠠᠷᠴᠤ ᠮᠡᠳᠡᠭᠦᠯᠦᠷᠦᠨ : 《ᠡᠳᠦᠭᠡ ᠮᠠᠨ ᠤ᠋ ᠴᠡᠷᠢᠭ ᠬᠣᠷᠢᠨ ᠲᠦᠮᠡᠨ ᠦ᠌ ᠣᠯᠠᠨ᠂ ᠬᠦᠨᠡᠰᠦ ᠰᠦᠢᠳᠬᠡᠯ ᠮᠠᠰᠢ ᠬᠦᠨᠳᠦ᠂ ᠴᠡᠷᠢᠭ ᠢ᠋ ᠲᠠᠢᠯᠠᠬᠤᠢ ᠳ᠋ᠤᠷ ᠲᠦᠷᠭᠡᠨ ᠢ᠋ ᠡᠷᠢᠮᠦᠢ᠂ ᠤᠳᠠᠪᠠᠰᠤ ᠠᠰᠢᠭ᠋ ᠦᠭᠡᠢ᠃ ᠡᠳᠦᠭᠡ  ᠪᠧᠲ᠋ᠠ᠋ ᠤᠯᠤᠰ ᠤ᠋ᠨ ᠡᠵᠡᠨ ᠣᠨᠴᠠ ᠠᠷᠭ᠎ᠠ ᠶ᠋ᠢ ᠬᠡᠷᠡᠭᠯᠡᠵᠦ ᠪᠤᠰᠤᠳ ᠤ᠋ᠨ ᠴᠡᠷᠢᠭ ᠢ᠋ ᠭᠡᠨᠡᠳᠡᠭᠦᠯᠦᠮᠦᠢ᠃ ᠲᠡᠭᠦᠨ ᠦ᠌ ᠠᠷᠭ᠎ᠠ ᠶ᠋ᠢ ᠭᠠᠷᠭᠠᠨ ᠭᠠᠵᠠᠷ ᠢ᠋ ᠰᠢᠨᠵᠢᠵᠦ ᠣᠯᠬᠤ ᠶ᠋ᠢᠨ ᠤᠷᠢᠳ ᠪᠠᠢᠯᠳᠤᠵᠤ ᠳᠠᠷᠤᠪᠠᠰᠤ ᠵᠣᠬᠢᠮᠤᠢ ! 》ᠭᠡᠮᠡᠨ ᠮᠡᠳᠡᠭᠦᠯᠦᠭᠰᠡᠨ ᠳ᠋ᠦ᠍ᠷ ᠲᠠᠢᠶᠠᠩ ᠬᠠᠭᠠᠨ ᠵᠥᠪᠰᠢᠶᠡᠷᠡᠭᠰᠡᠨ ᠪᠣᠯᠪᠠᠴᠤ ᠪᠠᠰᠠ ᠬᠡᠳᠦᠨ ᠡᠳᠦᠷ ᠲᠦᠲᠡᠭᠡᠯᠵᠢᠨ ᠲᠠᠰᠤᠯᠬᠤ ᠦᠭᠡᠢ ᠳ᠋ᠦ᠍ᠷ ᠵᠠᠩᠵᠤᠨ ᠬᠤᠯᠠᠰᠤᠪᠴᠢ ᠶᠡᠬᠡᠯ᠎ᠡ ᠴᠢᠬᠤᠯᠳᠠᠨ ᠲᠠᠢᠶᠠᠩ ᠬᠠᠭᠠᠨ ᠤ᠋ ᠳᠡᠷᠭᠡᠳᠡ ᠣᠷᠣᠵᠤ ᠠᠢᠯᠠᠳᠬᠠᠷᠤᠨ : 《ᠮᠠᠨ ᠤ᠋ ᠤᠯᠤᠰ ᠤ᠋ᠨ ᠸᠠᠩ ᠡᠵᠡᠨ ᠳᠠᠢᠰᠤᠨ ᠯᠤᠭ᠎ᠠ ᠪᠠᠢᠯᠳᠤᠬᠤᠶ᠎ᠠ᠂ ᠥᠪᠡᠷ ᠦ᠋ᠨ ᠪᠡᠶ᠎ᠡ ᠶ᠋ᠢᠨ ᠠᠷᠤ ᠪᠠ ᠮᠣᠷᠢᠨ ᠤ᠋ ᠰᠡᠭᠦᠯ ᠢ᠋ ᠴᠢᠨᠠᠳᠤ ᠳᠠᠢᠰᠤᠨ᠎ᠠ ᠥᠴᠦᠬᠡᠨ ᠴᠦ᠍ ᠦᠵᠡᠭᠦᠯᠬᠦ ᠦᠭᠡᠢ ᠪᠡᠷ ᠰᠢᠭᠤᠳ ᠣᠭᠴᠣ ᠲᠠᠰᠤ ᠪᠠᠷ ᠮᠡᠬᠡᠯᠡᠨ ᠣᠷᠣᠵᠤ ᠪᠠᠢᠯᠳᠤᠭᠠᠳ ᠴᠢᠨᠠᠳᠤᠰ ᠤ᠋ᠨ ᠳᠠᠢᠰᠤᠨ ᠤ᠋ ᠰᠦᠷ ᠢ᠋ ᠳᠠᠷᠤᠳᠠᠭ ᠪᠥᠯᠥᠭᠡ᠃ ᠬᠠᠭᠠᠨ ᠦᠨᠡᠬᠡᠷ ᠪᠧᠲ᠋ᠠ᠋ ᠤᠯᠤᠰ ᠤ᠋ᠨ ᠴᠡᠷᠢᠭ ᠡᠴᠡ ᠡᠨᠡ ᠮᠡᠲᠦ ᠠᠶᠤᠪᠠᠰᠤ ᠤᠭ ᠠ᠋ᠴᠠ ᠮᠥᠩᠭᠥᠯᠵᠢ ᠨᠠᠷ ᠤ᠋ᠨ ᠠᠢᠯᠠᠳᠬᠠᠭᠰᠠᠨ ᠢ᠋ᠶ᠋ᠠᠷ ᠬᠠᠭᠠᠨ ᠤᠯᠤᠰ ᠲᠤᠷ ᠬᠣᠴᠣᠷᠤᠭᠠᠳ ᠬᠠᠷᠢᠨ ᠬᠠᠲᠤᠨ ᠢ᠋ᠶ᠋ᠠᠷ ᠴᠡᠷᠢᠭ ᠠᠪᠤᠭᠤᠯᠤᠨ ᠢᠷᠡᠭᠰᠡᠨ ᠪᠥᠭᠡᠰᠦ ᠳᠡᠭᠡᠷ᠎ᠡ ᠦᠭᠡᠢ ᠦᠦ ? ᠬᠡᠮᠡᠭᠰᠡᠨ ᠳ᠋ᠦ᠍ᠷ ᠲᠠᠢᠶᠠᠩ ᠬᠠᠭᠠᠨ ᠮᠠᠰᠢ ᠢᠴᠢᠩᠭᠦᠷᠡᠨ ᠲᠠᠴᠢᠶᠠᠳᠠᠭᠠᠳ : 《ᠮᠠᠷᠭᠠᠲᠠ ᠳᠠᠷᠤᠢ ᠬᠠᠷᠢᠯᠴᠠᠨ ᠲᠤᠯᠭᠠᠯᠴᠠᠬᠤ ᠪᠢᠴᠢᠭ ᠢᠯᠡᠭᠡ᠂ ᠪᠢ ᠪᠡᠶ᠎ᠡ ᠪᠡᠷ ᠭᠠᠷᠴᠤ ᠬᠠᠳᠬᠤᠯᠳᠤᠮᠤᠢ ! 》 ᠭᠡᠮᠡᠨ ᠵᠠᠷᠯᠠᠪᠠ᠃ ᠡᠭᠦᠨ᠎ᠡ ᠬᠤᠯᠠᠰᠤᠪᠴᠢ ᠪᠠᠶᠠᠷᠯᠠᠵᠤ ᠠᠢᠯᠠᠳᠬᠠᠷᠤᠨ : 《ᠲᠦᠰᠢᠮᠡᠯ ᠪᠢ ᠪᠧᠲ᠋ᠠ᠋ ᠤᠯᠤᠰ ᠤ᠋ᠨ ᠦᠨᠳᠦᠰᠦᠨ ᠢ᠋ ᠨᠢᠭᠡᠨᠲᠡ ᠲᠤᠷᠰᠢᠵᠤ ᠣᠯᠪᠠ᠃ ᠲᠡᠳᠡᠨ ᠦ᠌ ᠬᠤᠢᠬᠤᠷ ᠠᠷᠭ᠎ᠠ ᠶ᠋ᠢ ᠲᠣᠭᠲᠠᠬᠤᠢ ᠶ᠋ᠢᠨ ᠤᠷᠢᠳ ᠭᠡᠨᠡᠳᠲᠡ ᠪᠠᠢᠯᠳᠤᠪᠠᠰᠤ ᠯᠠᠪ ᠳᠡᠢᠯᠦᠮᠦᠢ᠃ 》ᠭᠡᠮᠡᠨ ᠭᠠᠷᠴᠤ ᠢᠷᠡᠨ ᠮᠥᠨ ᠬᠦ᠌ ᠢᠳᠡᠷ ᠳᠣᠪᠣ ᠪᠠᠷ ᠪᠠᠢᠯᠳᠤᠬᠤ ᠪᠢᠴᠢᠭ ᠢ᠋ ᠢᠯᠡᠭᠡᠪᠡ᠃ ᠢᠳᠡᠷ ᠳᠣᠪᠣ ᠨᠢᠭᠡᠨᠲᠡ ᠪᠠᠢᠯᠳᠤᠬᠤ ᠪᠢᠴᠢᠭ ᠢ᠋ ᠬᠦᠷᠭᠡᠵᠦ ᠢᠳᠡᠭᠡᠨ ᠤᠮᠳᠠᠭᠠᠨ ᠢ᠋ ᠢᠳᠡᠵᠦ᠂ ᠱᠠᠩ ᠬᠡᠰᠢᠭ ᠢ᠋ ᠣᠯᠵᠤ ᠢᠷᠡᠭᠡᠳ ᠦᠨᠡᠨ ᠤᠴᠢᠷ ᠢ᠋ ᠲᠠᠢᠶᠠᠩ ᠬᠠᠭᠠᠨ ᠳ᠋ᠤᠷ ᠪᠦᠷᠢᠨ᠎ᠡ ᠮᠡᠳᠡᠭᠦᠯᠪᠡ᠃ ᠲᠠᠢᠶᠠᠩ ᠬᠠᠭᠠᠨ ᠮᠥᠨ ᠬᠡᠷᠡᠭ ᠪᠣᠯᠭᠠᠨ ᠠᠭᠤᠷᠯᠠᠭᠰᠠᠨ ᠦᠭᠡᠢ᠂ ᠬᠡᠪ ᠢ᠋ᠶ᠋ᠡᠷ ᠬᠣᠰᠢᠭᠤᠴᠢ ᠶ᠋ᠢᠨ ᠪᠠᠭᠤᠳᠠᠯ ᠳ᠋ᠤᠷ ᠢᠯᠡᠭᠡᠪᠡ᠃ ᠵᠢᠴᠢ ᠵᠡᠯᠮ᠎ᠡ᠂ ᠲᠡᠢᠨ ᠰᠠᠩ ᠨᠠᠷ ᠮᠤᠬᠤᠯᠢ ᠶ᠋ᠢᠨ ᠪᠢᠴᠢᠭ ᠪᠡᠯᠡᠭ ᠢ᠋ ᠠᠪᠴᠤ ᠶᠠᠪᠤᠨ᠂ ᠭᠤᠷᠪᠠᠨ ᠬᠣᠨᠣᠭ ᠲᠤᠷ ᠴᠢᠪᠬᠢᠲᠡᠯ᠎ᠡ ᠵᠡᠯᠮ᠎ᠡ ᠭᠡᠷ ᠲᠡᠭᠡᠨ ᠬᠦᠷᠦᠭᠰᠡᠨ ᠲᠤᠯᠠ ᠪᠢᠴᠢᠭ ᠢ᠋ ᠨᠡᠭᠡᠭᠡᠵᠦ ᠦᠵᠡᠪᠡᠰᠦ ᠦᠭᠡ ᠢᠨᠦ: 《 ᠵᠠᠯᠮ᠎ᠠ ᠴᠢ ᠭᠡᠷ ᠡᠷᠦᠬᠡ ᠪᠡᠨ ᠪᠦᠷᠢᠨ ᠢ᠋ᠶ᠋ᠡᠷ ᠠᠪᠴᠤ ᠮᠢᠨᠦ ᠳᠡᠭᠦᠦ ᠲᠡᠢᠨ ᠰᠠᠩ ᠢ᠋ ᠠᠯᠠᠮᠤᠢ ᠭᠡᠮᠡᠨ ᠠᠶᠤᠯᠭᠠᠵᠤ ᠡᠭᠡᠭᠦᠯᠦᠭᠡᠳ ᠨᠠᠢ᠍ᠮᠠᠨ ᠤᠯᠤᠰ ᠲᠤᠷ ᠤᠷᠭᠤᠨ ᠣᠴᠢᠵᠤ᠂ ᠤᠷᠢᠲᠠᠨ ᠪᠦᠲᠦᠨ᠎ᠡ ᠶ᠋ᠢᠨ ᠢᠯᠠᠭᠤᠭᠰᠠᠨ᠎ᠠ ᠤᠴᠠᠷᠠᠵᠤ ᠮᠢᠨᠦ ᠪᠢᠴᠢᠭ ᠢ᠋ ᠦᠵᠡᠭᠦᠯᠵᠦ᠂ ᠬᠠᠮᠲᠤ ᠨᠠᠢ᠍ᠮᠠᠨ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ᠷ ᠡᠴᠢᠵᠦ ᠡᠳᠡᠭᠡᠷ ᠡᠳ᠋ ᠢ᠋ ᠵᠠᠮᠤᠬ᠎ᠠ ᠲᠡᠷᠢᠭᠦᠯᠡᠨ ᠡᠳ᠋ ᠲᠣᠷ ᠬᠣᠪᠳᠣᠭ ᠲᠦᠰᠢᠮᠡᠳ ᠢ᠋ ᠬᠢᠨᠠᠨ ᠦᠵᠡᠵᠦ ᠰᠦᠢᠳᠬᠡᠭᠡᠳ ᠢᠲᠡᠭᠡᠯ ᠳ᠋ᠦ᠍ᠷ ᠣᠷᠣᠵᠤ᠂ ᠭᠡᠷ ᠦ᠋ᠨ ᠠᠮᠠᠨ ᠢ᠋ᠶ᠋ᠠᠨ ᠨᠠᠢ᠍ᠮᠠᠨ ᠳ᠋ᠤᠷ ᠰᠠᠭᠤᠯᠭᠠᠭᠠᠳ ᠲᠠᠢᠶᠠᠩ ᠬᠠᠭᠠᠨ ᠢ᠋ ᠰᠢᠭᠤᠳ ᠪᠠᠢᠯᠳᠤᠬᠤ ᠠᠷᠭ᠎ᠠ ᠪᠠᠷ ᠶᠠᠪᠤ᠂ ᠣᠯᠠᠨ ᠳ᠋ᠤᠷ ᠠᠯᠳᠠᠷᠰᠢᠭᠤᠯᠬᠤᠢ ᠳ᠋ᠤᠷ ᠢ᠋ᠶ᠋ᠠᠨ ᠮᠥᠩᠭᠥᠯᠵᠢ ᠪᠠ ᠳ᠋ᠠᠳᠠᠳᠤᠩᠭ᠎ᠠ ᠨᠠᠷ ᠲᠤᠷ ᠮᠥᠨ ᠶᠣᠰᠣᠭᠠᠷ ᠨᠢᠭᠡᠨ ᠬᠤᠪᠢ ᠠᠰᠢᠭ᠋ ᠥᠭᠪᠡ ᠭᠡᠵᠦ ᠬᠤᠳᠠᠯ ᠢ᠋ᠶ᠋ᠠᠷ ᠠᠯᠳᠠᠷᠰᠢᠭᠤᠯ᠃ ᠡᠢᠨ ᠪᠣᠯᠪᠠᠰᠤ ᠲᠡᠳᠡᠨ ᠢ᠋ ᠲᠠᠢᠶᠠᠩ ᠬᠠᠭᠠᠨ ᠰᠡᠵᠢᠭᠯᠡᠵᠦ ᠦᠭᠡ ᠶ᠋ᠢ ᠦᠯᠦ ᠠᠪᠤᠮᠤᠢ᠃ ᠲᠡᠳᠡ ᠬᠡᠷᠪᠡ ᠲᠠᠢᠶᠠᠩ ᠬᠠᠭᠠᠨ ᠢ᠋ ᠬᠣᠷᠢᠭ᠍ᠯᠠᠨ ᠡᠰᠡ ᠵᠣᠭᠰᠣᠭᠠᠪᠠᠰᠤ ᠴᠡᠷᠢᠭ ᠢ᠋ ᠡᠪᠳᠡᠬᠦᠢ ᠳ᠋ᠦ᠍ᠷ ᠮᠠᠰᠢ ᠬᠢᠯᠪᠠᠷ᠂ ᠨᠡᠩ ᠪᠠᠰᠠ ᠴᠡᠷᠢᠭ ᠦ᠋ᠨ ᠭᠠᠵᠠᠷ ᠬᠦᠷᠪᠡᠰᠦ ᠲᠥᠷᠭᠡᠨ᠎ᠡ ᠪᠠᠢᠯᠳᠤᠬᠤ ᠶ᠋ᠢ ᠡᠷᠬᠢᠯᠡ᠂ ᠬᠡᠷᠪᠡ ᠤᠳᠠᠪᠠᠰᠤ ᠮᠠᠨ ᠤ᠋ ᠴᠡᠷᠢᠭ ᠲᠦ᠍ᠷ ᠠᠰᠢᠭ᠋ ᠦᠭᠡᠢ ᠪᠣᠯᠤᠮᠤᠢ᠃ ᠶᠡᠬᠡ ᠭᠠᠪᠢᠶ᠎ᠠ ᠪᠣᠯᠠᠢ᠂ ᠪᠢᠲᠡᠭᠡᠢ ᠣᠮᠲᠣᠭᠠᠢᠯᠠ ᠰᠠᠢᠲᠤᠷ ᠨᠠᠷᠢᠪᠴᠢᠯᠠ ! 》 ᠬᠡᠮᠡᠵᠦᠬᠦᠢ᠃ ᠲᠡᠳᠦᠢ ᠵᠠᠯᠮ᠎ᠠ ᠶᠡᠬᠡᠯ᠎ᠡ ᠪᠠᠶᠠᠷᠯᠠᠨ᠂ ᠳᠠᠷᠤᠢ ᠭᠡᠷ ᠦ᠋ᠨ ᠬᠣᠲᠠᠯᠠᠭᠠᠷ ᠢ᠋ ᠠᠪᠴᠤ ᠪᠦᠲᠦᠨ᠎ᠡ ᠶ᠋ᠢᠨ ᠵᠦᠭ ᠡᠴᠢᠬᠦᠶ᠎ᠡ ᠵᠠᠮ ᠳ᠋ᠤᠷ ᠮᠤᠬᠤᠯᠢ ᠶ᠋ᠢᠨ ᠳᠡᠭᠦᠦ ᠶ᠋ᠢ ᠪᠠᠷᠢᠵᠤ ᠬᠦᠯᠢᠭᠰᠡᠨ᠎ᠡ ᠲᠡᠢᠨ ᠰᠠᠩ ᠶᠡᠬᠡᠯ᠎ᠡ ᠰᠣᠴᠢᠵᠤ ᠤᠴᠢᠷ ᠢ᠋ ᠠᠰᠠᠭᠤᠪᠠᠰᠤ ᠵᠡᠯᠮ᠎ᠡ ᠥᠭᠦᠯᠡᠷᠦᠨ: 《ᠲᠤᠯᠭᠤᠷ ᠨᠡᠭᠡᠭᠡᠭᠰᠡᠨ ᠪᠢᠳᠡᠨ ᠦ᠌ ᠶᠢᠰᠦᠨ ᠲᠦᠰᠢᠮᠡᠯ ᠪᠥᠭᠡᠲᠡᠯ᠎ᠡ ᠲᠡᠷᠡ ᠭᠠᠭᠴᠠ ᠴᠢᠨᠦ ᠠᠬ᠎ᠠ ᠶ᠋ᠢ ᠡᠷᠬᠢᠯᠡᠬᠦ ᠲᠤᠯᠠ ᠦᠯᠡᠭᠰᠡᠨ ᠪᠢᠳᠡ ᠨᠠᠢ᠍ᠮᠠᠭᠤᠯᠠ ᠴᠥᠮ ᠤᠷᠪᠠᠬᠤ ᠪᠠᠷ ᠲᠣᠭᠲᠠᠪᠠ᠃ ᠴᠢᠮᠠᠢ ᠣᠳᠣ ᠠᠯᠠᠭᠠᠳ ᠨᠠᠢ᠍ᠮᠠᠨ ᠳ᠋ᠤᠷ ᠳᠠᠭᠠᠮᠤᠢ ! 》ᠬᠡᠮᠡᠭᠰᠡᠨ ᠳ᠋ᠦ᠍ᠷ ᠲᠡᠢᠨ ᠰᠠᠩ ᠳᠣᠲᠣᠷ᠎ᠠ ᠪᠠᠨ ᠡᠨᠡ ᠯᠠᠪ ᠮᠢᠨᠦ ᠠᠬ᠎ᠠ ᠶ᠋ᠢᠨ ᠠᠷᠭ᠎ᠠ᠂ ᠪᠢ ᠠᠶᠤᠪᠠᠰᠤ ᠪᠠᠷᠠᠪᠠ ᠭᠡᠮᠡᠨ ᠣᠯᠠᠨ ᠤ᠋ ᠡᠮᠦᠨ᠎ᠡ ᠵᠠᠭᠤᠨ ᠵᠦᠢᠯ ᠢ᠋ᠶ᠋ᠡᠷ ᠭᠤᠶᠤᠬᠤᠢ ᠳ᠋ᠤᠷ ᠵᠡᠯᠮ᠎ᠡ ᠰᠠᠶᠢ ᠲᠠᠯᠪᠢᠨ ᠭᠠᠷᠭᠠᠭᠠᠳ ᠡᠮ᠎ᠡ ᠦᠷ᠎ᠡ ᠪᠡᠨ ᠠᠪᠴᠤ ᠨᠠᠢ᠍ᠮᠠᠨ ᠤ᠋ ᠵᠦᠭ ᠢᠷᠡᠬᠦᠢ ᠳ᠋ᠦ᠍ᠷ ᠵᠠᠮ ᠳ᠋ᠠᠭᠠᠨ ᠨᠠᠢ᠍ᠮᠠᠨ ᠤ᠋ ᠣᠯᠠᠨ᠎ᠠ : ᠪᠧᠲ᠋ᠠ᠋ ᠤᠯᠤᠰ ᠠ᠋ᠴᠠ ᠤᠷᠪᠠᠵᠤ ᠨᠠᠢ᠍ᠮᠠᠨ ᠤ᠋ ᠲᠠᠢᠰᠢ ᠲᠠᠢᠪᠤᠤ ᠮᠥᠩᠭᠥᠯᠵᠢ ᠳ᠋ᠠᠳᠠᠳᠤᠩᠭ᠎ᠠ ᠨᠠᠷ ᠲᠤᠷ ᠶᠢᠰᠦᠨ ᠵᠦᠢᠯ ᠦ᠋ᠨ ᠲᠠᠰᠤᠷᠬᠠᠢ ᠡᠷᠳᠡᠨᠢ ᠬᠦᠷᠭᠡᠵᠦ ᠳᠠᠭᠠᠮᠤᠢ ᠭᠡᠮᠡᠨ ᠠᠯᠳᠠᠷᠰᠢᠭᠤᠯᠤᠭᠰᠠᠭᠠᠷ ᠨᠠᠢ᠍ᠮᠠᠨ ᠤ᠋ ᠴᠡᠷᠢᠭ ᠦ᠋ᠨ ᠬᠦᠷᠢᠶ᠎ᠡ ᠳ᠋ᠦ᠍ᠷ ᠢᠷᠡᠪᠡᠰᠦ ᠴᠢᠪᠬᠢᠲᠡᠯ᠎ᠡ ᠪᠦᠲᠦᠨ᠎ᠡ ᠶ᠋ᠢᠨ ᠢᠯᠠᠭᠤᠭᠰᠠᠨ ᠪᠠᠰᠠ ᠢᠷᠡᠭᠰᠡᠨ ᠲᠤᠯᠠ ᠳᠠᠷᠤᠢ ᠲᠡᠭᠦᠨ ᠯᠦ᠍ᠭᠡ ᠵᠥᠪᠯᠡᠵᠦ ᠵᠠᠮᠤᠬ᠎ᠠ ᠳ᠋ᠤᠷ ᠤᠴᠠᠷᠠᠵᠤ ᠮᠢᠩᠭᠠᠨ ᠯᠠᠩ ᠮᠥᠩᠭᠥ ᠪᠠᠷᠢᠵᠤ : 《 ᠪᠧᠲ᠋ᠠ᠋ ᠶ᠋ᠢᠨ ᠡᠵᠡᠨ ᠲᠡᠮᠦᠵᠢᠨ ᠣᠨᠴᠠ ᠲᠡᠭᠦᠨ ᠦ᠌ ᠵᠢᠨᠦᠩ ᠡᠴᠡ ᠪᠤᠰᠤ ᠶ᠋ᠢ ᠬᠦᠨᠳᠦ ᠦᠵᠡᠬᠦ ᠦᠭᠡᠢ ᠲᠤᠯᠠ ᠪᠢ ᠲᠡᠭᠦᠨ ᠳ᠋ᠦ᠍ᠷ ᠱᠠᠩᠨᠠᠭᠰᠠᠨ ᠶᠠᠭᠤᠮ᠎ᠠ ᠶ᠋ᠢ ᠮᠡᠬᠡᠯᠡᠨ ᠠᠪᠴᠤ ᠡᠮ᠎ᠡ ᠦᠷ᠎ᠡ ᠪᠡᠨ ᠠᠪᠤᠨ ᠡᠨᠳᠡ ᠳᠠᠭᠠᠷ᠎ᠠ ᠢᠷᠡᠪᠡ᠃ ᠬᠡᠷᠪᠡ ᠦᠨᠡᠬᠡᠷ ᠪᠠᠭᠲᠠᠭᠠᠬᠤ ᠪᠣᠯᠪᠠᠰᠤ ᠮᠠᠨ ᠤ᠋ ᠨᠥᠬᠥᠭᠡ ᠦᠯᠡᠳᠡᠭᠰᠡᠨ ᠳᠣᠯᠣᠭᠠᠨ ᠬᠤᠷᠰᠢᠶ᠎ᠠ ᠨᠠᠷ ᠮᠥᠨ ᠡᠨᠡ ᠤᠳᠠᠭ᠎ᠠ ᠶ᠋ᠢᠨ ᠪᠠᠢᠯᠳᠤᠭᠠᠨ ᠳ᠋ᠤᠷ ᠴᠢᠳᠠᠪᠠᠰᠤ ᠲᠡᠮᠦᠵᠢᠨ ᠪᠠ ᠵᠢᠨᠦᠩ ᠬᠣᠶᠠᠭᠤᠯᠠ ᠶ᠋ᠢ ᠪᠠᠷᠢᠵᠤ ᠳᠠᠭᠠᠰᠤᠭᠠᠢ ᠬᠡᠮᠡᠮᠦᠢ᠃ ᠠᠳᠠᠭ ᠲᠠᠭᠠᠨ ᠶᠡᠬᠡ ᠴᠡᠷᠢᠭ ᠬᠦᠷᠦᠮᠡᠭᠴᠡ ᠪᠠᠢᠯᠳᠤᠭᠴᠢ ᠪᠣᠯᠤᠨ ᠳᠠᠭᠠᠰᠤᠭᠠᠢ ᠬᠡᠮᠡᠮᠦᠢ ! 》ᠬᠡᠮᠡᠭᠰᠡᠨ ᠳ᠋ᠦ᠍ᠷ ᠵᠠᠮᠤᠬ᠎ᠠ ᠶᠡᠬᠡᠯ᠎ᠡ ᠪᠠᠶᠠᠷᠯᠠᠨ ᠪᠠᠰᠠ ᠨᠢᠭᠡᠨ ᠰᠠᠨᠠᠭᠠᠨ ᠣᠷᠣᠵᠤ ᠰᠠᠨᠠᠷᠤᠨ : 《ᠡᠭᠦᠨ ᠢ᠋ ᠡᠳᠡᠭᠡᠷ ᠢ᠋ ᠳᠡᠭᠡᠭᠰᠢ ᠨᠡᠪᠲᠡᠷᠡᠭᠦᠯᠪᠡᠰᠦ᠂ ᠬᠣᠵᠢᠮ ᠴᠡᠷᠢᠭ ᠳᠡᠢᠯᠪᠡᠰᠦ ᠴᠥᠮ ᠡᠨᠡ ᠵᠡᠯᠮ᠎ᠡ ᠶ᠋ᠢᠨ ᠭᠠᠪᠢᠶ᠎ᠠ ᠪᠣᠯᠤᠮᠤᠢ᠂ ᠡᠭᠦᠨ ᠢ᠋ ᠴᠢᠦᠢ ᠴᠦ᠍ ᠯᠢᠦᠢ ᠂ ᠴᠢᠦᠢ ᠱᠢ ᠯᠢ᠂ ᠬᠣᠯᠠᠰᠤᠪᠴᠢ ᠨᠠᠷ ᠯᠤᠭ᠎ᠠ ᠵᠥᠪᠯᠡᠵᠦ ᠡᠨᠡ ᠭᠠᠪᠢᠶ᠎ᠠ ᠶ᠋ᠢ ᠪᠢᠳᠡ ᠠᠪᠰᠤᠭᠠᠢ ! 》 ᠭᠡᠮᠡᠨ ᠰᠥᠨᠢ ᠡᠳᠡ ᠭᠤᠷᠪᠠᠭᠤᠯᠠ ᠶ᠋ᠢ ᠥᠪᠡᠷ ᠦ᠋ᠨ ᠪᠠᠭᠤᠳᠠᠯ ᠳ᠋ᠠᠭᠠᠨ ᠵᠠᠯᠠᠵᠤ ᠡᠳᠡᠭᠡᠷ ᠤᠴᠢᠷ ᠢ᠋ ᠪᠦᠷᠢᠨ᠎ᠡ ᠬᠡᠯᠡᠵᠦ ᠵᠥᠪᠯᠡᠬᠦᠢ ᠳ᠋ᠦ᠍ᠷ ᠴᠢᠦᠢ ᠴᠦ᠍ ᠯᠢᠦᠢ ᠪᠠᠰᠠ ᠨᠢᠭᠡᠨ ᠨᠢᠭᠤᠴᠠ ᠠᠷᠭ᠎ᠠ ᠣᠯᠵᠤ ᠡᠨᠡ ᠲᠠᠰᠢᠷᠠᠮ ᠳ᠋ᠤᠷ ᠬᠡᠷᠡᠭᠯᠡᠰᠦᠭᠡᠢ ᠬᠡᠮᠡᠪᠡ᠂ ᠶᠠᠮᠪᠠᠷ ᠰᠠᠨᠠᠭ᠎ᠠ ᠬᠡᠮᠡᠪᠡᠰᠦ: ᠴᠢᠦᠢ ᠴᠦ᠍ ᠯᠢᠦᠢ ᠤᠭ ᠠ᠋ᠴᠠ ᠲᠠᠢᠶᠠᠩ ᠬᠠᠭᠠᠨ ᠤ᠋ ᠡᠴᠢᠭᠡ ᠬᠥᠪᠡᠭᠦᠨ ᠦ᠌ ᠶᠡᠬᠡ ᠬᠠᠭᠠᠨ ᠰᠠᠭᠤᠷᠢᠨ ᠡᠵᠡᠯᠡᠬᠦᠢ ᠳ᠋ᠦ᠍ᠷ ᠮᠠᠰᠢ ᠠᠮᠤᠷ ᠦᠭᠡᠢ ᠪᠠᠢᠭᠰᠠᠨ ᠪᠣᠯᠥᠭᠡ᠃ ᠡᠳᠦᠭᠡ ᠡᠳᠡᠨ ᠦ᠌ ᠡᠨᠡ ᠵᠥᠪᠯᠡᠯ ᠳ᠋ᠦ᠍ᠷ ᠲᠠᠢᠶᠠᠩ ᠬᠠᠭᠠᠨ ᠢ᠋ ᠥᠳᠥᠭᠡᠵᠦ ᠰᠠᠮᠠᠭᠤᠨ ᠴᠡᠷᠢᠭ ᠦ᠋ᠨ ᠳᠣᠲᠣᠷ᠎ᠠ ᠴᠢᠯᠥᠭᠡ ᠦᠵᠡᠵᠦ ᠨᠠᠢ᠍ᠮᠠᠨ ᠤ᠋ ᠶᠡᠬᠡ ᠰᠠᠭᠤᠷᠢ ᠶ᠋ᠢ ᠪᠤᠯᠢᠶᠠᠰᠤᠭᠠᠢ ᠭᠡᠮᠡᠨ ᠪᠣᠳᠣᠭᠠᠳ ᠳᠠᠷᠤᠢ ᠲᠡᠳᠡᠨ ᠦ᠌ ᠵᠥᠪᠯᠡᠯ ᠢ᠋ ᠦᠵᠡᠬᠦᠶ᠎ᠡ ᠵᠠᠮᠤᠬ᠎ᠠ ᠥᠭᠦᠯᠡᠷᠦᠨ: 《ᠡᠳᠦᠭᠡ ᠵᠡᠯᠮ᠎ᠡ ᠶ᠋ᠢᠨ ᠬᠡᠯᠡᠬᠦ ᠪᠡᠷ ᠪᠧᠲ᠋ᠠ᠋ ᠶ᠋ᠢᠨ ᠶᠢᠰᠦᠨ ᠡᠩ ᠦ᠋ᠨ ᠲᠦᠰᠢᠮᠡᠳ ᠡᠴᠡ ᠮᠤᠬᠤᠯᠢ ᠶ᠋ᠢ ᠭᠠᠷᠭᠠᠪᠠᠰᠤ ᠪᠤᠰᠤ ᠠᠨᠤ ᠴᠥᠮ ᠰᠡᠳᠬᠢᠯ ᠬᠠᠵᠠᠢᠵᠤᠬᠤᠢ᠃ ᠡᠳᠦᠭᠡ ᠡᠨᠡ ᠲᠠᠰᠢᠷᠠᠮ ᠳ᠋ᠤᠷ ᠬᠠᠭᠠᠨ ᠡᠵᠡᠨ ᠢ᠋ ᠰᠠᠢᠲᠤᠷ ᠰᠢᠪᠲᠠᠵᠤ ᠴᠣᠬᠢᠨ ᠪᠠᠢᠯᠳᠤᠪᠠᠰᠤ ᠬᠤᠢᠬᠤᠷ ᠠᠷᠭᠠᠲᠤ ᠮᠤᠬᠤᠯᠢ ᠶ᠋ᠢᠨ ᠠᠷᠭ᠎ᠠ ᠬᠡᠷᠡᠭᠯᠡᠨ ᠵᠠᠪᠳᠤᠬᠤ ᠶ᠋ᠢᠨ ᠤᠷᠢᠳ ᠳᠠᠷᠤᠭᠠᠳ ᠳᠠᠬᠢᠨ ᠦᠯᠡᠭᠰᠡᠨ ᠳᠣᠯᠣᠭᠠᠨ ᠡᠩ ᠦ᠋ᠨ ᠲᠦᠰᠢᠮᠡᠳ ᠢ᠋ ᠣᠷᠣᠭᠤᠯᠤᠨ ᠠᠪᠴᠤ ᠬᠠᠭᠠᠨ ᠡᠵᠡᠨ ᠳ᠋ᠦ᠍ᠷ ᠤᠴᠠᠷᠠᠭᠤᠯᠤᠯ ᠦᠭᠡᠢ ᠪᠡᠷ ᠴᠥᠮ ᠠᠯᠠᠪᠠᠰᠤ᠂ ᠡᠨᠡ ᠶᠡᠬᠡ ᠭᠠᠪᠢᠶ᠎ᠠ ᠴᠥᠮ ᠮᠠᠨ ᠤ᠋ ᠪᠣᠯᠤᠮᠤᠢ ! 》 ᠬᠡᠮᠡᠭᠰᠡᠨ ᠳ᠋ᠦ᠍ᠷ ᠪᠦᠭᠦᠳᠡᠭᠡᠷ ᠪᠠᠶᠠᠰᠤᠯᠴᠠᠨ ᠵᠡᠯᠮ᠎ᠡ ᠶ᠋ᠢ ᠳᠠᠭᠤᠳᠠᠨ ᠤᠴᠠᠷᠠᠭᠰᠠᠨ᠎ᠠ᠂ ᠵᠠᠯᠮ᠎ᠠ ᠶᠢᠰᠦᠨ ᠵᠦᠢᠯ ᠦ᠋ᠨ ᠡᠷᠳᠡᠨᠢ ᠶ᠋ᠢ ᠴᠢᠦᠢ ᠴᠦ᠍ ᠯᠢᠦᠢ᠂ ᠴᠢᠦᠢ ᠱᠢ ᠯᠢ᠂ ᠬᠣᠯᠠᠰᠤᠪᠴᠢ ᠳ᠋ᠤᠷ ᠪᠠᠷᠢᠵᠤ : 《ᠪᠢᠳᠡ ᠨᠢᠭᠡᠨ ᠠᠳᠠᠯᠢ ᠲᠤᠯᠭᠤᠷ ᠨᠡᠭᠡᠭᠡᠭᠰᠡᠨ ᠶᠢᠰᠦᠨ ᠲᠦᠰᠢᠮᠡᠯ ᠪᠥᠭᠡᠲᠡᠯ᠎ᠡ ᠪᠧᠲ᠋ᠠ᠋ ᠤᠯᠤᠰ ᠤ᠋ᠨ ᠡᠵᠡᠨ ᠲᠡᠮᠦᠵᠢᠨ ᠣᠨᠴᠠ ᠮᠤᠬᠤᠯᠢ ᠭᠠᠭᠴᠠᠭᠠᠷ ᠢ᠋ ᠡᠷᠭᠦᠵᠦ᠂ ᠪᠤᠰᠤ ᠶ᠋ᠢ ᠠᠨᠤ ᠨᠢᠳᠦᠨ ᠳ᠋ᠡᠭᠡᠨ ᠬᠠᠪᠴᠢᠬᠤ ᠦᠭᠡᠢ᠂ ᠡᠳᠦᠭᠡ ᠶᠡᠬᠡ ᠤᠯᠤᠰ ᠤ᠋ᠨ ᠬᠣᠷᠢᠨ ᠲᠦᠮᠡᠨ ᠴᠡᠷᠢᠭ ᠢ᠋ ᠰᠣᠨᠣᠰᠴᠤ ᠵᠠᠩᠵᠤᠨ ᠴᠡᠷᠢᠭ ᠴᠥᠮ ᠠᠶᠤᠯᠳᠤᠮᠤᠢ᠃ ᠡᠨᠡ ᠲᠠᠰᠢᠷᠠᠮ ᠳ᠋ᠤᠷ ᠲᠦᠷᠭᠡᠯᠡᠪᠡᠰᠦ ᠵᠣᠬᠢᠮᠤᠢ ! 》ᠬᠡᠮᠡᠬᠦᠢ ᠳ᠋ᠦ᠍ᠷ ᠪᠦᠭᠦᠳᠡᠭᠡᠷ ᠪᠠᠶᠠᠷᠯᠠᠨ ᠵᠥᠪᠯᠡᠨ ᠲᠣᠭᠲᠠᠪᠠ᠃ ᠲᠡᠳᠦᠢ ᠵᠠᠮᠤᠬ᠎ᠠ ᠬᠡᠷᠡᠭ ᠪᠦᠲᠦᠭᠰᠡᠨ ᠬᠣᠢᠨ᠎ᠠ ᠵᠡᠯᠮ᠎ᠡ ᠶ᠋ᠢ ᠮᠥᠨ ᠠᠯᠠᠵᠤ ᠭᠠᠪᠢᠶ᠎ᠠ ᠶ᠋ᠢ ᠪᠤᠯᠢᠶᠠᠰᠤᠭᠠᠢ ᠭᠡᠮᠡᠨ ᠲᠠᠢᠶᠠᠩ ᠬᠠᠭᠠᠨ ᠠ᠋ᠴᠠ ᠨᠢᠭᠤᠵᠤ ᠡᠰᠡ ᠮᠡᠳᠡᠭᠦᠯᠪᠡᠢ᠃ 
       ᠲᠡᠨᠳᠡᠴᠡ ᠬᠣᠶᠠᠷ ᠡᠲᠡᠭᠡᠳ ᠮᠠᠷᠭᠠᠲᠠ ᠪᠠᠢᠯᠳᠤᠬᠤᠢ ᠶ᠋ᠢᠨ ᠲᠤᠯᠠ ᠴᠡᠷᠢᠭ ᠴᠡᠷᠢᠭ ᠢ᠋ᠶ᠋ᠡᠨ ᠵᠠᠰᠠᠨ ᠪᠡᠯᠡᠳᠬᠡᠬᠦᠢ ᠳ᠋ᠦ᠍ᠷ ᠮᠤᠬᠤᠯᠢ ᠤᠷᠢᠳᠤ ᠵᠢᠯ ᠬᠡᠷᠡᠢᠳ ᠠᠢᠮᠠᠭ ᠠ᠋ᠴᠠ ᠲᠠᠢᠽᠦ ᠶ᠋ᠢᠨ ᠲᠥᠷᠥᠯ ᠠᠷᠳᠠ᠂ ᠬᠤᠰᠠᠭᠤᠷ᠂ ᠳᠡᠯᠵᠢᠲᠠᠢ ᠭᠤᠷᠪᠠᠭᠤᠯᠠ ᠶ᠋ᠢ ᠬᠤᠯᠠᠭᠤᠵᠤ ᠡᠯᠰᠡᠷ᠎ᠡ ᠡᠴᠢᠭᠰᠡᠨ ᠣᠯᠣᠩᠬᠤ᠂ ᠭᠣᠣᠷᠬᠢ ᠬᠣᠶᠠᠭᠤᠯᠠ ᠶ᠋ᠢ ᠪᠡᠶ᠎ᠡ ᠶ᠋ᠢᠨ ᠣᠢᠷ᠎ᠠ ᠠᠪᠴᠤ ᠶᠠᠪᠤᠬᠤ ᠲᠤᠯᠠ ᠲᠡᠳᠡ ᠬᠣᠶᠠᠭᠤᠯᠠ ᠶ᠋ᠢ ᠳᠠᠭᠤᠳᠠᠵᠤ ᠰᠤᠷᠭᠠᠨ ᠥᠭᠦᠯᠡᠷᠦᠨ : 《ᠲᠠ ᠬᠣᠶᠠᠭᠤᠯᠠ ᠶ᠋ᠢ ᠡᠳᠦᠭᠡ ᠬᠡᠷᠡᠭᠯᠡᠵᠦ ᠭᠠᠪᠢᠶ᠎ᠠ ᠪᠦᠲᠦᠭᠡᠯᠭᠡᠬᠦ ᠶ᠋ᠢᠨ ᠨᠢᠭᠡᠨ ᠵᠠᠮ ᠪᠣᠢ᠂ ᠮᠢᠨᠦ ᠤᠷᠢᠳᠤ ᠡᠳᠦᠷ ᠦ᠋ᠨ ᠠᠯᠠᠭᠰᠠᠨ ᠦᠭᠡᠢ ᠬᠡᠰᠢᠭ ᠪᠠ ᠡᠳᠦᠭᠡ ᠬᠡᠳᠦᠢᠴᠢᠨᠡᠭᠡᠨ ᠡᠳᠦᠷ ᠬᠠᠢᠷᠠᠯᠠᠨ ᠶᠠᠪᠤᠭᠰᠠᠨ ᠢ᠋ ᠪᠣᠳᠣᠪᠠᠰᠤ ᠲᠠ ᠬᠣᠶᠠᠭᠤᠯᠠ ᠳ᠋ᠤᠷ ᠨᠢᠭᠡᠨ ᠨᠠᠷᠢᠨ ᠠᠷᠭ᠎ᠠ ᠰᠤᠷᠭᠠᠵᠤ ᠬᠡᠷᠡᠭᠯᠡᠰᠦᠭᠡᠢ᠃ ᠲᠠ ᠬᠢᠴᠢᠶᠡᠨ ᠵᠢᠳᠬᠦᠵᠦ ᠦᠨᠡᠨ ᠰᠡᠳᠬᠢᠯ ᠢ᠋ᠶ᠋ᠡᠷ ᠶᠠᠪᠤᠮᠤᠢ ᠤᠤ ᠦᠭᠡᠢ ᠦᠦ ? 》 ᠬᠡᠮᠡᠭᠰᠡᠨ ᠳ᠋ᠦ᠍ᠷ ᠣᠯᠣᠩᠬᠤ ᠭᠣᠣᠷᠬᠢ ᠬᠣᠶᠠᠷ ᠶᠡᠬᠡᠯ᠎ᠡ ᠪᠠᠶᠠᠷᠯᠠᠵᠤ ᠮᠥᠷᠭᠥᠨ ᠥᠭᠦᠯᠡᠷᠦᠨ : 《ᠵᠢᠨᠦᠩ ᠡᠵᠡᠨ ᠦ᠌ ᠲᠡᠭᠷᠢ ᠭᠠᠵᠠᠷ ᠮᠡᠲᠦ ᠶᠡᠬᠡ ᠬᠡᠰᠢᠭ ᠢ᠋ ᠬᠠᠷᠠᠬᠠᠨ ᠬᠠᠷᠢᠭᠤᠯᠬᠤ ᠭᠠᠵᠠᠷ ᠢ᠋ ᠣᠯᠬᠤ ᠦᠭᠡᠢ ᠪᠦᠬᠦᠢ ᠳ᠋ᠦ᠍ᠷ ᠬᠡᠷᠪᠡ ᠨᠢᠭᠡᠨ ᠵᠦᠢᠯ ᠢ᠋ ᠲᠤᠰᠢᠶᠠᠪᠠᠰᠤ ᠡᠷᠬᠡᠪᠰᠢ ᠠᠮᠢ ᠪᠠᠨ ᠲᠠᠯᠪᠢᠵᠤ ᠦᠬᠦᠨ ᠵᠢᠳᠬᠦᠨ ᠭᠠᠪᠢᠶ᠎ᠠ ᠪᠦᠲᠦᠭᠡᠶ᠎ᠡ ! 》ᠬᠡᠮᠡᠬᠦᠢ ᠳ᠋ᠦ᠍ᠷ ᠮᠤᠬᠤᠯᠢ ᠥᠭᠦᠯᠡᠷᠦᠨ : 《ᠡᠳᠦᠭᠡ ᠵᠠᠮᠤᠬ᠎ᠠ ᠶ᠋ᠢᠨ ᠬᠤᠷᠢᠶᠠᠭᠰᠠᠨ ᠤᠯᠤᠰ ᠪᠠᠭ᠎ᠠ ᠠᠢᠮᠠᠭ ᠪᠣᠯᠬᠤ ᠱᠠᠯᠵᠢᠲᠠᠢ ᠠᠢᠮᠠᠭ ᠪᠣᠯᠬᠤ ᠳᠥᠴᠢᠭᠡᠳ ᠬᠥᠮᠦᠨ ᠢ᠋ ᠡᠳᠦᠭᠡ ᠪᠢ ᠬᠡᠷᠡᠭᠯᠡᠰᠦᠭᠡᠢ ᠭᠡᠮᠡᠨ ᠴᠡᠷᠢᠭ ᠦ᠋ᠨ ᠳᠣᠲᠣᠷ᠎ᠠ ᠠᠪᠴᠤ ᠢᠷᠡᠪᠡ᠃ ᠲᠠ ᠬᠣᠶᠠᠭᠤᠯᠠ ᠳ᠋ᠤᠷ ᠡᠨᠡ ᠳᠥᠴᠢᠭᠡᠳ ᠬᠥᠮᠦᠨ ᠢ᠋ ᠠᠯᠠᠲᠤᠭᠠᠢ ᠭᠡᠮᠡᠨ ᠲᠤᠰᠢᠶᠠᠰᠤᠭᠠᠢ᠂ ᠲᠠ ᠬᠣᠶᠠᠭᠤᠯᠠ ᠨᠠᠳᠠ ᠠ᠋ᠴᠠ ᠦᠬᠦᠨ ᠭᠤᠶᠤᠵᠤ ᠲᠡᠳᠡᠨ ᠦ᠌ ᠠᠮᠢᠨ ᠢ᠋ ᠠᠪᠤᠷᠠ᠂ ᠲᠡᠢᠨ ᠪᠣᠯᠪᠠᠰᠤ ᠲᠡᠷᠡ ᠳᠥᠴᠢᠭᠡᠳ ᠬᠥᠮᠦᠨ ᠢ᠋ ᠲᠠ ᠬᠣᠶᠠᠭᠤᠯᠠ ᠳ᠋ᠤᠷ ᠵᠠᠬᠢᠷᠤᠭᠤᠯᠵᠤ ᠨᠠᠢ᠍ᠮᠠᠨ ᠤ᠋ ᠵᠠᠮᠤᠬ᠎ᠠ ᠶ᠋ᠢᠨ ᠳᠣᠣᠷ᠎ᠠ ᠬᠠᠭᠤᠷᠮᠠᠭ ᠢ᠋ᠶ᠋ᠠᠷ ᠤᠷᠪᠠᠭᠰᠠᠨ ᠢ᠋ᠶ᠋ᠠᠷ ᠢᠯᠡᠭᠡᠪᠡᠰᠦ᠂ ᠲᠡᠨᠳᠡ ᠵᠠᠮᠤᠬ᠎ᠠ ᠶ᠋ᠢᠨ ᠳᠣᠣᠷ᠎ᠠ ᠪᠠᠰᠠ ᠮᠠᠨ ᠤ᠋ ᠵᠠᠯᠮ᠎ᠠ ᠪᠣᠢ᠃ ᠲᠡᠭᠦᠨ ᠳ᠋ᠦ᠍ᠷ ᠲᠠ ᠬᠣᠶᠠᠭᠤᠯᠠ ᠮᠢᠨᠦ ᠪᠢᠴᠢᠭ ᠢ᠋ ᠥᠭᠭᠦᠭᠡᠳ ᠲᠡᠭᠦᠨ ᠯᠦ᠋ᠭᠡ ᠵᠠᠮᠤᠬ᠎ᠠ ᠶ᠋ᠢ ᠳᠠᠭᠠᠵᠤ ᠶᠠᠪᠤᠭᠲᠤᠨ᠂ ᠵᠠᠮᠤᠬ᠎ᠠ ᠴᠡᠷᠢᠭ ᠳᠠᠷᠤᠭᠳᠠᠨ ᠳᠤᠲᠠᠭᠠᠵᠤ᠂ ᠬᠡᠷᠪᠡ ᠮᠠᠨ ᠤ᠋ ᠴᠡᠷᠢᠭ ᠲᠦ᠍ᠷ ᠬᠠᠭᠠᠭᠳᠠᠪᠠᠰᠤ᠂ ᠵᠠᠮᠤᠬ᠎ᠠ ᠶ᠋ᠢ ᠰᠢᠭᠤᠳ ᠠᠮᠢᠳᠤ ᠪᠠᠷᠢᠭᠠᠳ ᠮᠠᠨ ᠤ᠋ ᠴᠡᠷᠢᠭ ᠦ᠋ᠨ ᠬᠦᠷᠢᠶ᠎ᠡ ᠳ᠋ᠦ᠍ᠷ ᠣᠷᠣᠭᠲᠤᠨ᠃ ᠡᠨᠡ ᠢᠨᠦ ᠮᠠᠰᠢ ᠴᠢᠬᠤᠯᠠ ᠬᠡᠷᠡᠭ᠃ ᠡᠨᠡ ᠳᠥᠴᠢᠨ ᠬᠥᠮᠦᠨ ᠦ᠌ ᠠᠮᠢᠨ ᠢ᠋ ᠴᠢ ᠠᠪᠤᠷᠠᠪᠠᠰᠤ ᠴᠢᠮ᠎ᠠ ᠳ᠋ᠤᠷ ᠦᠨᠡᠨ ᠬᠦᠴᠦᠨ ᠢ᠋ᠶ᠋ᠡᠨ ᠥᠭᠬᠦ ᠪᠤᠰᠤ ᠤᠤ ? 》ᠬᠡᠮᠡᠭᠰᠡᠨ ᠳ᠋ᠦ᠍ᠷ ᠬᠣᠶᠠᠭᠤᠯᠠ ᠶᠡᠬᠡᠯ᠎ᠡ ᠪᠠᠶᠠᠷᠯᠠᠨ ᠡᠷᠭᠦᠵᠦ ᠬᠡᠷᠡᠭᠯᠡᠬᠦ ᠬᠡᠰᠢᠭ ᠲᠣᠷ ᠮᠥᠷᠭᠥᠵᠦ ᠳᠠᠷᠤᠢ ᠣᠯᠣᠩᠬᠤ ᠭᠣᠣᠷᠬᠢ ᠬᠣᠶᠠᠭᠤᠯᠠ ᠪᠠᠷ ᠱᠠᠯᠵᠢᠲᠠᠢ ᠠ᠋ᠴᠠ ᠪᠠᠷᠢᠭ᠍ᠰᠠᠨ ᠳᠥᠴᠢᠭᠡᠳ ᠬᠥᠮᠦᠨ ᠢ᠋ ᠭᠠᠷᠭᠠᠵᠤ ᠠᠯᠠᠬᠤ ᠲᠠᠯᠠᠪᠤᠷ ᠲᠤᠷ ᠠᠪᠠᠴᠢᠵᠤᠬᠤᠢ᠃ ᠲᠡᠷᠡ ᠳᠥᠴᠢᠭᠡᠳ ᠬᠥᠮᠦᠨ ᠶᠡᠬᠡᠯ᠎ᠡ ᠤᠬᠢᠯᠠᠨ ᠡᠨᠡᠯᠬᠦᠶ᠎ᠡ ᠣᠯᠣᠩᠬᠤ ᠭᠣᠣᠷᠬᠢ ᠥᠭᠦᠯᠡᠷᠦᠨ : 《ᠡᠳᠦᠭᠡ ᠲᠠᠨ ᠳ᠋ᠤᠷ ᠪᠠᠰᠠ ᠨᠢᠭᠡᠨ ᠭᠠᠪᠢᠶ᠎ᠠ ᠪᠠᠢᠭᠤᠯᠬᠤ ᠵᠠᠪᠰᠢᠶᠠᠨ ᠪᠣᠢ᠃ ᠲᠠᠨ ᠤ᠋ ᠠᠮᠢᠨ ᠢ᠋ ᠪᠢᠳᠡ ᠵᠢᠨᠦᠩ ᠡᠴᠡ ᠭᠤᠶᠤᠵᠤ ᠭᠡᠯᠳᠦᠷᠢᠭᠦᠯᠪᠡᠰᠦ ᠲᠠ ᠳᠥᠴᠢᠭᠦᠯᠡ ᠦᠬᠦᠨ ᠵᠢᠳᠬᠦᠮᠦᠢ ᠦᠦ ᠦᠭᠡᠢ ᠦᠦ ? 》 ᠬᠡᠮᠡᠬᠦᠢ ᠳ᠋ᠦ᠍ᠷ ᠣᠯᠠᠨ ᠢ᠋ᠶ᠋ᠠᠷ ᠤᠬᠢᠯᠠᠨ ᠮᠥᠷᠭᠥᠵᠦ ᠥᠭᠦᠯᠡᠷᠦᠨ : 《ᠬᠠᠯᠠᠭᠤᠨ ᠠᠮᠢᠨ ᠢ᠋ ᠮᠢᠨᠦ ᠠᠪᠤᠷᠠᠵᠤ ᠪᠠᠢᠲᠠᠯ᠎ᠠ ᠬᠠᠮᠤᠭ ᠬᠦᠴᠦᠨ ᠢ᠋ᠶ᠋ᠡᠨ ᠦᠯᠦ ᠥᠭᠬᠦ ᠶᠣᠰᠣ ᠪᠣᠢ ᠤᠤ ? 》ᠬᠡᠮᠡᠭᠰᠡᠨ ᠳ᠋ᠦ᠍ᠷ ᠣᠯᠣᠩᠬᠤ ᠭᠣᠣᠷᠬᠢ ᠬᠣᠶᠠᠭᠤᠯᠠ : 《ᠲᠡᠢᠨ ᠪᠣᠯᠪᠠᠰᠤ ᠵᠢᠨᠦᠩ ᠡᠴᠡ ᠭᠣᠶᠣᠰᠤᠭᠠᠢ᠃ 》ᠬᠡᠮᠡᠭᠡᠳ ᠡᠭᠡᠨ ᠣᠷᠣᠵᠤ ᠵᠢᠨᠦᠩ ᠳ᠋ᠦ᠍ᠷ ᠲᠣᠯᠣᠭᠠᠢ ᠪᠠᠨ ᠬᠠᠪᠤᠳᠲᠠᠯ᠎ᠠ ᠮᠥᠷᠭᠥᠵᠦ ᠭᠤᠶᠤᠭᠰᠠᠨ ᠳ᠋ᠤᠷ ᠵᠢᠨᠦᠩ ᠵᠥᠪᠰᠢᠶᠡᠷᠡᠵᠦ᠂ ᠱᠠᠯᠵᠢᠲᠠᠢ ᠶ᠋ᠢᠨ ᠳᠥᠴᠢᠨ ᠴᠡᠷᠢᠭ ᠢ᠋ ᠡᠭᠡᠭᠦᠯᠦᠨ ᠣᠷᠣᠭᠤᠯᠵᠤ ᠠᠰᠠᠭᠤᠷᠤᠨ : 《ᠲᠠ ᠳᠥᠴᠢᠭᠦᠯᠡ ᠶ᠋ᠢᠨ ᠠᠮᠢᠨ ᠢ᠋ ᠡᠨᠡ ᠬᠣᠶᠠᠷ ᠭᠣᠶᠣᠬᠤᠢ ᠳ᠋ᠤᠷ ᠪᠢ ᠲᠡᠭᠦᠨ ᠦ᠌ ᠭᠤᠶᠤᠭᠰᠠᠨ ᠶᠣᠰᠣᠭᠠᠷ ᠬᠡᠯᠲᠦᠷᠢᠭᠦᠯᠵᠦ᠂ ᠣᠯᠣᠩᠬᠤ ᠭᠣᠣᠷᠬᠢ ᠬᠣᠶᠠᠭᠤᠯᠠ ᠶ᠋ᠢᠨ ᠳᠣᠣᠷ᠎ᠠ ᠲᠤᠰᠢᠶᠠᠵᠤ᠂ ᠲᠠᠨ ᠢ᠋ ᠨᠢᠭᠡᠨ ᠬᠡᠷᠡᠭ ᠲᠦ᠍ᠷ ᠵᠠᠷᠤᠰᠤᠭᠠᠢ ᠬᠡᠮᠡᠮᠦᠢ᠃ ᠲᠠ ᠠᠮᠢ ᠬᠡᠯᠲᠦᠷᠢᠭᠦᠯᠦᠭᠰᠡᠨ ᠠᠴᠢ ᠶ᠋ᠢ ᠮᠢᠨᠦ ᠪᠣᠳᠣᠨ ᠡᠨᠡ ᠬᠣᠶᠠᠭᠤᠯᠠ ᠶ᠋ᠢᠨ ᠠᠴᠢ ᠶ᠋ᠢ ᠰᠠᠨᠠᠵᠤ ᠴᠢᠷᠮᠠᠢᠨ ᠵᠢᠳᠬᠦᠬᠦ ? 》 ᠬᠡᠮᠡᠭᠰᠡᠨ ᠳ᠋ᠦ᠍ᠷ ᠳᠥᠴᠢᠭᠦᠯᠡ ᠶᠡᠬᠡᠯ᠎ᠡ ᠪᠠᠶᠠᠷᠯᠠᠨ : 《ᠠᠮᠢ ᠪᠡᠶ᠎ᠡ ᠪᠡᠨ ᠲᠠᠯᠪᠢᠵᠤ ᠵᠢᠳᠬᠦᠶ᠎ᠡ ! 》 ᠬᠡᠮᠡᠬᠦᠢ ᠳ᠋ᠦ᠍ᠷ ᠮᠤᠬᠤᠯᠢ ᠲᠡᠳᠡᠨ ᠦ᠌ ᠬᠦᠯᠢᠶᠡᠰᠦᠨ ᠢ᠋ ᠲᠠᠯᠪᠢᠭᠤᠯᠵᠤ᠂ ᠪᠠᠰᠠ ᠪᠤᠳᠠᠬ᠎ᠠ ᠳᠠᠷᠠᠰᠤ ᠱᠠᠩᠨᠠᠭᠰᠠᠨ ᠳ᠋ᠤᠷ ᠳᠥᠴᠢᠭᠦᠯᠡ ᠦᠬᠦᠲᠡᠯ᠎ᠡ ᠪᠠᠶᠠᠷᠯᠠᠨ ᠠᠴᠢ ᠶ᠋ᠢ ᠬᠠᠷᠢᠭᠤᠯᠠᠬᠤᠢ ᠶ᠋ᠢ ᠵᠥᠪᠯᠡᠬᠦᠶ᠎ᠡ᠂ ᠣᠯᠣᠩᠬᠤ ᠭᠣᠣᠷᠬᠢ ᠬᠣᠶᠠᠭᠤᠯᠠ ᠥᠭᠦᠯᠡᠷᠦᠨ : 《ᠵᠢᠨᠦᠩ ᠡᠵᠡᠨ ᠦ᠌ ᠡᠨᠡ ᠬᠡᠰᠢᠭ ᠲᠣᠷ ᠲᠠ ᠨᠢᠭᠡᠨ ᠢᠲᠡᠭᠡᠯ ᠦᠭᠪᠡᠰᠦ ᠵᠣᠬᠢᠮᠤᠢ ? 》 ᠬᠡᠮᠡᠭᠰᠡᠨ ᠳ᠋ᠦ᠍ᠷ ᠪᠦᠭᠦᠳᠡᠭᠡᠷ ᠪᠠᠶᠠᠷᠯᠠᠨ ᠢᠷᠡᠵᠦ᠂ ᠵᠢᠨᠦᠩ ᠦ᠋ᠨ ᠡᠮᠦᠨ᠎ᠡ ᠴᠢᠰᠤ ᠭᠠᠷᠭᠠᠨ ᠲᠠᠩᠭᠠᠷᠢᠭ᠍ᠯᠠᠵᠤ ᠮᠥᠷᠭᠥᠭᠰᠡᠨ᠎ᠡ᠂ ᠮᠤᠬᠤᠯᠢ ᠶᠡᠬᠡᠯ᠎ᠡ ᠪᠡᠶᠡᠰᠦᠨ ᠴᠥᠮ ᠬᠦᠨᠳᠦᠳᠡ ᠱᠠᠩᠨᠠᠵᠤ : 《ᠲᠠ ᠲᠡᠢᠮᠦ ᠪᠣᠯᠪᠠᠰᠤ ᠣᠯᠣᠩᠬᠤ ᠭᠣᠣᠷᠬᠢ ᠨᠠᠷ ᠤ᠋ᠨ ᠠᠷᠭ᠎ᠠ ᠶ᠋ᠢ ᠳᠠᠭᠠᠵᠤ ᠶᠠᠪᠤ ! 》ᠭᠡᠮᠡᠨ ᠭᠠᠷᠭᠠᠪᠠ᠃ ᠮᠥᠨ ᠰᠥᠨᠢ ᠣᠯᠣᠩᠬᠤ ᠭᠣᠣᠷᠬᠢ ᠬᠣᠶᠠᠭᠤᠯᠠ ᠡᠨᠡ ᠳᠥᠴᠢᠭᠦᠯᠡ ᠶ᠋ᠢ ᠳᠠᠭᠠᠭᠤᠯᠵᠤ ᠨᠠᠢ᠍ᠮᠠᠨ ᠤ᠋ ᠴᠡᠷᠢᠭ ᠦ᠋ᠨ ᠬᠦᠷᠢᠶ᠎ᠡ ᠳ᠋ᠦ᠍ᠷ ᠤᠷᠭᠤᠨ ᠡᠴᠢᠵᠦ ᠵᠠᠮᠤᠬ᠎ᠠ ᠳ᠋ᠤᠷ ᠣᠷᠣᠵᠤ ᠥᠭᠪᠡ᠃ ᠵᠠᠮᠤᠬ᠎ᠠ ᠦᠵᠡᠪᠡᠰᠦ ᠴᠥᠮ ᠪᠧᠲ᠋ᠠ᠋ ᠤᠯᠤᠰ ᠤ᠋ᠨ ᠬᠥᠮᠦᠨ ᠪᠤᠰᠤ᠂ ᠦᠨᠡᠬᠡᠷ ᠲᠡᠷᠢᠭᠦᠯᠡᠭᠰᠡᠨ ᠬᠣᠶᠠᠷ ᠠᠨᠤ ᠬᠡᠷᠡᠢᠳ ᠦ᠋ᠨ ᠬᠥᠮᠦᠨ᠂ ᠪᠤᠰᠤ ᠠᠨᠤ ᠴᠥᠮ ᠱᠠᠯᠵᠢᠲᠠᠢ ᠶ᠋ᠢᠨ ᠬᠥᠮᠦᠨ ᠲᠤᠯᠠ ᠰᠡᠵᠢᠭᠯᠡᠭᠰᠡᠨ ᠦᠭᠡᠢ ᠥᠪᠡᠷ ᠦ᠋ᠨ ᠴᠡᠷᠢᠭ ᠦ᠋ᠨ ᠬᠦᠷᠢᠶᠡᠨ ᠳ᠋ᠡᠭᠡᠨ ᠠᠬᠤᠭᠤᠯᠪᠠᠢ᠃
       ᠲᠡᠳᠦᠢ ᠰᠥᠨᠢ ᠣᠯᠣᠩᠬᠤ ᠂ ᠭᠣᠣᠷᠬᠢ ᠬᠣᠶᠠᠭᠤᠯᠠ ᠰᠡᠮᠡᠬᠡᠷ ᠵᠠᠯᠮ᠎ᠠ ᠶ᠋ᠢᠨ ᠪᠠᠭᠤᠳᠠᠯ ᠳ᠋ᠤᠷ ᠢᠷᠡᠵᠦ ᠪᠢᠴᠢᠭ ᠢ᠋ ᠲᠤᠰᠢᠶᠠᠪᠠ᠃ ᠵᠠᠯᠮ᠎ᠠ ᠪᠠᠶᠠᠷᠯᠠᠵᠤ ᠪᠢᠴᠢᠭ ᠢ᠋ ᠦᠵᠡᠪᠡᠰᠦ ᠮᠠᠷᠭᠠᠲᠠ ᠶ᠋ᠢᠨ ᠦᠳᠡ ᠥᠩᠭᠡᠷᠡᠮᠡᠭᠴᠡ ᠲᠠᠢᠶᠠᠩ ᠬᠠᠭᠠᠨ ᠬᠠᠩᠭᠠᠢ ᠠᠭᠤᠯᠠᠨ᠎ᠠ ᠪᠠᠢᠯᠳᠤᠷ᠎ᠠ ᠡᠴᠢᠮᠦᠢ᠂ ᠲᠡᠷᠡ ᠦᠶ᠎ᠡ ᠳ᠋ᠦ᠍ᠷ ᠪᠦᠲᠦᠨ᠎ᠡ ᠶ᠋ᠢᠨ ᠢᠯᠠᠭᠤᠭᠰᠠᠨ ᠤ᠋ ᠴᠡᠷᠢᠭ ᠲᠦ᠍ᠷ ᠴᠥᠮ ᠮᠠᠨ ᠤ᠋ ᠲᠤᠭ ᠬᠢᠭᠢᠷᠢ ᠬᠠᠯᠠᠨ ᠪᠣᠰᠬᠠᠯᠭᠠᠵᠤ ᠲᠠᠢᠶᠠᠩ ᠬᠠᠭᠠᠨ ᠢ᠋ ᠬᠣᠷᠢᠵᠤ ᠠᠪᠤᠭᠲᠤᠨ᠂ ᠡᠨᠡ ᠰᠥᠨᠢ ᠠᠷᠪᠠᠨ ᠪᠠᠭᠤᠳᠠᠯ ᠲᠤᠭ ᠬᠢᠭᠢᠷᠢ ᠶ᠋ᠢᠨ ᠪᠥᠰ ᠢ᠋ ᠬᠠᠩᠭᠠᠢ ᠠᠭᠤᠯᠠᠨ ᠤ᠋ ᠤᠯᠠᠭᠠᠨ ᠬᠣᠰᠢᠭᠤ ᠳ᠋ᠤᠷ ᠬᠦᠷᠭᠡᠵᠦ ᠥᠭᠭᠦᠭᠳᠦᠨ᠃ ᠵᠢᠴᠢ ᠳᠣᠯᠣᠭᠠᠨ ᠪᠠᠭᠤᠳᠠᠯ ᠢ᠋ ᠢᠯᠠᠭᠤᠭᠰᠠᠨ ᠳ᠋ᠤᠷ ᠥᠭᠴᠦ ᠦᠯᠡᠭᠰᠡᠨ ᠢ᠋ ᠴᠢ ᠪᠡᠶ᠎ᠡ ᠳ᠋ᠦ᠍ᠷ ᠠᠪᠴᠤ ᠰᠠᠮᠠᠭᠤᠷᠠᠭᠰᠠᠨ ᠬᠣᠢᠨ᠎ᠠ ᠨᠠᠢ᠍ᠮᠠᠨ ᠤ᠋ ᠴᠡᠷᠢᠭ ᠲᠦ᠍ᠷ ᠣᠷᠣᠭᠤᠯᠵᠤ ᠲᠠᠢᠶᠠᠩ ᠬᠠᠭᠠᠨ ᠢ᠋ ᠬᠠᠭᠠᠨᠳᠤᠨ ᠬᠡᠮᠡᠵᠦᠬᠦᠢ᠃ ᠲᠡᠳᠦᠢ ᠵᠠᠯᠮ᠎ᠠ᠂ ᠣᠯᠣᠩᠬᠤ᠂ ᠭᠣᠣᠷᠬᠢ ᠭᠤᠷᠪᠠᠭᠤᠯᠠ ᠵᠥᠪᠯᠡᠨ ᠲᠣᠭᠲᠠᠵᠤ᠂ ᠬᠥᠮᠦᠨ ᠭᠠᠷᠭᠠᠨ ᠬᠠᠩᠭᠠᠢ ᠠᠭᠤᠯᠠᠨ ᠤ᠋ ᠤᠯᠠᠭᠠᠨ ᠬᠣᠰᠢᠭᠤ ᠳ᠋ᠤᠷ ᠬᠦᠯᠢᠶᠡᠨ ᠠᠪᠴᠤ ᠢᠯᠠᠭᠤᠭᠰᠠᠨ ᠲᠠᠨ᠎ᠠ ᠲᠦᠭᠡᠭᠡᠨ ᠥᠭᠪᠡ᠃  
       ᠵᠢᠴᠢ ᠡᠳᠦᠷ ᠪᠧᠲ᠋ᠠ᠋ ᠨᠠᠢ᠍ᠮᠠᠨ ᠬᠣᠶᠠᠷ ᠤᠯᠤᠰ ᠤ᠋ᠨ ᠴᠡᠷᠢᠭ ᠬᠠᠩᠭᠠᠢ ᠠᠭᠤᠯᠠᠨ ᠤ᠋ ᠵᠡᠭᠦᠨ ᠵᠠᠳᠠᠭᠠᠢ ᠠᠭᠤᠯᠠᠨ ᠤ᠋ ᠪᠠᠷᠠᠭᠤᠨ ᠬᠣᠶᠠᠷ ᠵᠠᠪᠰᠠᠷ᠎ᠠ ᠶᠡᠬᠡ ᠲᠠᠯ᠎ᠠ ᠳ᠋ᠤᠷ ᠬᠠᠷᠢᠯᠴᠠᠨ ᠵᠢᠭ᠍ᠰᠠᠭᠠᠯ ᠵᠢᠭ᠍ᠰᠠᠭᠠᠭᠰᠠᠨ᠎ᠠ᠂ ᠪᠧᠲ᠋ᠠ᠋ ᠤᠯᠤᠰ ᠤ᠋ᠨ ᠬᠣᠰᠢᠭᠤᠴᠢ ᠵᠡᠪᠡ ᠫᠣᠯᠭᠤᠳᠠᠢ ᠬᠣᠶᠠᠭᠤᠯᠠ ᠶ᠋ᠢᠨ ᠴᠡᠷᠢᠭ ᠨᠠᠢ᠍ᠮᠠᠨ ᠤ᠋ ᠬᠣᠰᠢᠭᠤᠴᠢ ᠢᠳᠡᠷ ᠳᠣᠪᠣ ᠶ᠋ᠢᠨ ᠴᠡᠷᠢᠭ ᠲᠦ᠍ ᠲᠤᠯᠭᠠᠯᠴᠠᠪᠠ᠃ ᠬᠠᠰᠠᠷ ᠤ᠋ᠨ ᠴᠡᠷᠢᠭ ᠲᠠᠢᠶᠠᠩ ᠬᠠᠭᠠᠨ ᠤ᠋ ᠶᠡᠬᠡ ᠴᠡᠷᠢᠭ ᠲᠦ᠍ᠷ ᠲᠤᠯᠭᠠᠯᠴᠠᠪᠠ᠃ ᠨᠠᠢ᠍ᠮᠠᠨ ᠤ᠋ ᠲᠠᠢᠶᠠᠩ ᠬᠠᠭᠠᠨ ᠦᠵᠡᠪᠡᠰᠦ ᠪᠧᠲ᠋ᠠ᠋ ᠤᠯᠤᠰ ᠤ᠋ᠨ ᠴᠡᠷᠢᠭ ᠮᠠᠰᠢ ᠰᠢᠩᠭᠡᠨ ᠰᠡᠢᠷᠡᠭ ᠲᠤᠯᠠ ᠢᠳᠡᠷ ᠳᠣᠪᠣ ᠶ᠋ᠢᠨ ᠴᠡᠷᠢᠭ ᠢ᠋ ᠣᠷᠣ ᠭᠡᠮᠡᠨ ᠬᠡᠩᠭᠡᠷᠭᠡ ᠳᠡᠯᠡᠳᠦᠭᠦᠯᠪᠡᠰᠦ᠂ ᠢᠳᠡᠷ ᠳᠣᠪᠣ ᠭᠠᠯᠵᠠᠭᠤ ᠪᠤᠬ᠎ᠠ ᠮᠡᠲᠦ ᠪᠢᠯᠠᠭᠤ ᠪᠠᠨ ᠡᠷᠭᠢᠭᠦᠯᠦᠨ ᠵᠢᠭ᠍ᠰᠠᠭᠠᠯ ᠤ᠋ᠨ ᠡᠮᠦᠨ᠎ᠡ ᠭᠠᠷᠴᠤ : 《ᠶᠠᠭᠤᠨ ᠪᠣᠯᠪᠠᠴᠤ ᠡᠵᠡᠨ ᠦ᠌ ᠪᠡᠨ ᠡᠮᠦᠨ᠎ᠡ ᠦᠬᠦᠰᠦᠭᠡᠢ ! 》ᠭᠡᠮᠡᠨ ᠶᠡᠬᠡᠯ᠎ᠡ ᠪᠠᠷᠬᠢᠷᠠᠨ ᠢᠷᠡᠬᠦᠶ᠎ᠡ᠂ ᠪᠧᠲ᠋ᠠ᠋ ᠤᠯᠤᠰ ᠤ᠋ᠨ ᠴᠡᠷᠢᠭ ᠡᠴᠡ ᠫᠤᠯᠭᠤᠳᠠᠢ ᠳ᠋ᠠᠮ ᠢᠯᠳᠦ ᠪᠡᠨ ᠳᠠᠯᠠᠢᠨ ᠭᠠᠷᠴᠤ ᠬᠣᠶᠠᠭᠤᠯᠠ ᠬᠣᠷᠢᠨ ᠤᠳᠠᠭ᠎ᠠ ᠪᠣᠯᠤᠭᠰᠠᠨ ᠦᠭᠡᠢ  ᠫᠣᠯᠭᠤᠳᠠᠢ ᠲᠤᠯᠤᠨ ᠴᠢᠳᠠᠬᠤ ᠦᠭᠡᠢ ᠵᠢᠭ᠍ᠰᠠᠭᠠᠯ ᠳ᠋ᠤᠷ ᠢ᠋ᠶ᠋ᠠᠨ ᠳᠤᠲᠠᠭᠠᠨ ᠣᠷᠣᠭᠰᠠᠨ ᠳ᠋ᠤᠷ ᠢᠳᠡᠷ ᠳᠣᠪᠣ ᠶᠠᠭᠤ ᠶ᠋ᠢ ᠴᠦ᠍ ᠪᠣᠳᠣᠬᠤ ᠦᠭᠡᠢ᠂ ᠭᠠᠭᠴᠠᠭᠠᠷ ᠳᠣᠪᠲᠣᠯᠤᠨ ᠪᠧᠲ᠋ᠠ᠋ ᠤᠯᠤᠰ ᠤ᠋ᠨ ᠴᠡᠷᠢᠭ ᠦ᠋ᠨ ᠳᠣᠲᠣᠷ᠎ᠠ ᠨᠢᠭᠡᠨᠲᠡ ᠠᠯᠠᠨ ᠣᠷᠣᠵᠤ ᠡᠴᠢᠭᠰᠡᠨ ᠳ᠋ᠦ᠍ᠷ ᠳᠣᠣᠷᠠᠬᠢ ᠴᠡᠷᠢᠭ ᠢᠨᠤ ᠶᠠᠭᠠᠷᠠᠨ ᠳ᠋ᠠᠭᠠᠨ ᠡᠴᠢᠬᠦᠢ ᠳ᠋ᠦ᠍ᠷ ᠪᠧᠲ᠋ᠠ᠋ ᠤᠯᠤᠰ ᠤ᠋ᠨ ᠴᠡᠷᠢᠭ ᠦ᠋ᠨ ᠳᠣᠲᠣᠷ᠎ᠠ ᠠ᠋ᠴᠠ ᠮᠣᠳᠣ ᠲᠣᠭᠰᠢᠵᠤ ᠰᠠᠮᠠᠭᠤᠨ ᠵᠡᠪᠡ ᠪᠡᠷ ᠭᠠᠳᠠᠭ᠍ᠰᠢ ᠬᠠᠷᠪᠤᠬᠤᠢ ᠳ᠋ᠤᠷ ᠨᠠᠢ᠍ᠮᠠᠨ ᠤ᠋ ᠴᠡᠷᠢᠭ ᠣᠷᠣᠵᠤ ᠴᠢᠳᠠᠬᠤ ᠦᠭᠡᠢ ᠤᠬᠤᠷᠢᠮᠠᠭᠴᠠ ᠪᠧᠲ᠋ᠠ᠋ ᠶ᠋ᠢᠨ ᠴᠡᠷᠢᠭ ᠪᠠᠰᠠ ᠭᠡᠨᠡᠳᠲᠡ ᠤᠬᠤᠷᠢᠪᠠ᠃ ᠡᠭᠦᠨ ᠳ᠋ᠦ᠍ᠷ ᠢᠳᠡᠷ ᠳᠣᠪᠣ ᠪᠧᠲ᠋ᠠ᠋ ᠤᠯᠤᠰ ᠤ᠋ᠨ ᠴᠡᠷᠢᠭ ᠲᠦ᠍ᠷ ᠭᠠᠯᠵᠠᠭᠤ ᠪᠠᠷᠰ ᠮᠡᠲᠦ ᠬᠥᠨᠳᠡᠯᠡᠨ ᠭᠤᠯᠳᠤ ᠨᠥᠷᠢᠯᠡᠨ ᠴᠠᠪᠴᠢᠯᠠᠵᠤ ᠶᠠᠪᠤᠲᠠᠯ᠎ᠠ ᠭᠡᠨᠡᠳᠲᠡ ᠮᠣᠷᠢᠨ ᠤ᠋ ᠬᠥᠯ ᠳᠡᠭᠡᠰᠦᠨ ᠳ᠋ᠦ᠍ᠷ ᠲᠣᠷᠴᠤ ᠬᠥᠮᠦᠨ ᠮᠣᠷᠢᠲᠠᠢ ᠬᠠᠮᠲᠤ ᠥᠩᠬᠥᠷᠢᠨ ᠤᠨᠠᠭᠰᠠᠨ᠎ᠠ᠂ ᠪᠧᠲ᠋ᠠ᠋ ᠶ᠋ᠢᠨ ᠴᠡᠷᠢᠭ ᠪᠠᠷᠢᠵᠤ ᠬᠦᠯᠢᠭᠡᠳ ᠴᠡᠷᠢᠭ ᠢ᠋ᠶ᠋ᠡᠨ ᠤᠬᠤᠷᠢᠵᠤ ᠵᠣᠭᠰᠣᠭᠰᠠᠨ ᠳ᠋ᠤᠷ ᠨᠠᠢ᠍ᠮᠠᠨ ᠤ᠋ ᠴᠡᠷᠢᠭ᠂ ᠪᠧᠲ᠋ᠠ᠋ ᠤᠯᠤᠰ ᠤ᠋ᠨ ᠭᠡᠳᠡᠷᠭᠦ ᠤᠬᠤᠷᠢᠭ᠍ᠰᠠᠨ ᠠᠨᠤ ᠯᠠᠪ ᠢᠳᠡᠷ ᠳᠣᠪᠣ ᠶ᠋ᠢᠨ ᠴᠡᠷᠢᠭ ᠳᠠᠷᠤᠪᠠ ᠭᠡᠮᠡᠨ ᠶᠡᠬᠡ ᠴᠡᠷᠢᠭ ᠦ᠋ᠨ ᠬᠡᠩᠭᠡᠷᠭᠡ ᠶ᠋ᠢ ᠴᠣᠬᠢᠵᠤ ᠬᠣᠯᠠᠰᠤᠪᠴᠢ ᠶᠡᠬᠡ ᠢᠯᠳᠦ ᠪᠡᠨ ᠬᠤᠷᠤᠢᠯᠠᠨ ᠵᠢᠭ᠍ᠰᠠᠭᠠᠯ ᠤ᠋ᠨ ᠡᠮᠦᠨ᠎ᠡ ᠭᠠᠷᠤᠭᠰᠠᠨ᠎ᠠ᠂ ᠪᠧᠲ᠋ᠠ᠋ ᠤᠯᠤᠰ ᠤ᠋ᠨ ᠴᠡᠷᠢᠭ ᠦ᠋ᠨ ᠬᠠᠭᠠᠯᠭ᠎ᠠ ᠨᠡᠭᠡᠭᠡᠮᠡᠭᠴᠡ ᠪᠦᠬᠦ ᠪᠡᠯᠭᠦᠳᠡᠢ ᠲᠡᠮᠦᠷ ᠰᠢᠳᠡᠮ ᠢ᠋ᠶ᠋ᠡᠨ ᠡᠷᠭᠢᠭᠦᠯᠦᠨ ᠭᠠᠷᠴᠤ ᠢᠷᠡᠭᠡᠳ ᠬᠤᠯᠠᠰᠤᠪᠴᠢ ᠯᠤᠭ᠎ᠠ ᠪᠠᠢᠯᠳᠤᠵᠤ ᠭᠤᠴᠢᠨ ᠤᠳᠠᠭ᠎ᠠ ᠪᠣᠯᠤᠨ ᠭᠡᠨᠡᠳᠲᠡ ᠰᠢᠳᠠᠮ ᠢ᠋ᠶ᠋ᠠᠨ ᠬᠣᠭᠣᠰᠣᠨ ᠭᠠᠵᠠᠷ ᠬᠡᠳᠦᠨᠲᠡ ᠬᠤᠷᠤᠢᠯᠠᠨ ᠮᠣᠷᠢ ᠪᠠᠨ ᠡᠭᠡᠭᠦᠯᠵᠦ ᠵᠢᠭ᠍ᠰᠠᠭᠠᠯ ᠤ᠋ᠨ ᠵᠦᠭ ᠳᠤᠲᠠᠭᠠᠬᠤᠢ ᠳ᠋ᠤᠷ ᠲᠠᠢᠶᠠᠩ ᠬᠠᠭᠠᠨ᠂ ᠬᠣᠶᠠᠷ ᠠᠩᠭᠢ ᠴᠡᠷᠢᠭ ᠴᠥᠮ ᠲᠠᠢᠯᠪᠠ ᠭᠡᠮᠡᠨ ᠥᠪᠡᠷ ᠢ᠋ᠶ᠋ᠡᠨ ᠲᠡᠷᠢᠭᠦᠯᠡᠵᠦ ᠶᠡᠬᠡ ᠬᠡᠩᠭᠡᠷᠭᠡ ᠴᠣᠬᠢᠵᠤ ᠪᠧᠲ᠋ᠠ᠋ ᠤᠯᠤᠰ ᠤ᠋ᠨ ᠵᠦᠭ ᠶᠡᠬᠡ  ᠴᠡᠷᠢᠭ ᠢ᠋ᠶ᠋ᠡᠷ ᠳᠠᠷᠤᠨ ᠣᠷᠣᠭᠰᠠᠨ᠎ᠠ᠂ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ ᠫᠤᠤ ᠳᠠᠭᠤᠷᠢᠰᠴᠤ ᠬᠠᠪᠤᠲᠤ ᠬᠠᠰᠠᠷ ᠤ᠋ᠨ ᠬᠣᠶᠠᠷ ᠬᠠᠭᠠᠷᠠᠵᠤ᠂ ᠴᠥᠮ ᠨᠠᠷᠠᠨ ᠭᠠᠷᠤᠳᠢ ᠶ᠋ᠢᠨ ᠬᠣᠰᠢᠭᠤ ᠶ᠋ᠢᠨ ᠵᠢᠭ᠍ᠰᠠᠭᠠᠯ ᠬᠤᠪᠢᠯᠵᠤ ᠨᠠᠢ᠍ᠮᠠᠨ ᠤ᠋ ᠶᠡᠬᠡ ᠴᠡᠷᠢᠭ ᠦ᠋ᠨ ᠬᠣᠶᠠᠷ ᠬᠠᠪᠢᠷᠭ᠎ᠠ ᠪᠠᠷ ᠰᠢᠪᠲᠤᠯᠤᠨ ᠳᠣᠪᠲᠣᠯᠵᠤ᠂ ᠨᠠᠢ᠍ᠮᠠᠨ ᠤ᠋ ᠴᠡᠷᠢᠭ ᠦ᠋ᠨ ᠠᠷᠤ ᠶ᠋ᠢᠨ ᠬᠣᠢᠨ᠎ᠠ ᠭᠠᠷᠴᠤ ᠰᠢᠭᠤᠳ ᠪᠠᠷᠠᠭᠤᠨ ᠵᠦᠭ ᠳᠤᠲᠠᠭᠠᠨ᠂ ᠬᠠᠩᠭᠠᠢ ᠠᠭᠤᠯᠠᠨ ᠤ᠋ ᠬᠣᠢᠲᠤ ᠵᠦᠭ ᠡᠴᠢᠬᠦᠶ᠎ᠡ᠂ ᠲᠠᠢᠶᠠᠩ ᠬᠠᠭᠠᠨ ᠶᠡᠬᠡᠯ᠎ᠡ ᠠᠭᠤᠷᠯᠠᠵᠤ ᠴᠡᠷᠢᠭ ᠢ᠋ᠶ᠋ᠡᠨ ᠡᠭᠡᠭᠦᠯᠵᠦ ᠦᠵᠡᠪᠡᠰᠦ᠂ ᠲᠡᠷᠡ ᠴᠡᠷᠢᠭ ᠲᠦ᠍ᠷ ᠪᠧᠲ᠋ᠠ᠋ ᠤᠯᠤᠰ ᠤ᠋ᠨ ᠡᠵᠡᠨ ᠦ᠌ ᠲᠤᠭ ᠰᠢᠭᠦᠷ ᠪᠠᠢᠬᠤ ᠲᠤᠯᠠ ᠶᠠᠭᠠᠷᠠᠨ ᠡᠭᠡᠵᠦ ᠬᠠᠷᠠᠬᠠᠨ ᠰᠡᠭᠦᠯ ᠢ᠋ ᠢᠨᠤ ᠳᠠᠷᠤᠨ ᠢᠷᠡᠬᠦᠶ᠎ᠡ᠂ ᠬᠠᠷᠢᠨ ᠬᠡᠳᠦᠢᠨᠡᠢ ᠬᠠᠩᠭᠠᠢ ᠠᠭᠤᠯᠠᠨ ᠤ᠋ ᠵᠡᠭᠦᠨ ᠪᠡᠶ᠎ᠡ ᠶ᠋ᠢᠨ ᠵᠡᠪᠡ ᠡᠴᠡ ᠫᠤᠤ ᠶ᠋ᠢᠨ ᠳᠠᠭᠤᠨ ᠭᠠᠷᠴᠤ ᠲᠡᠮᠳᠡᠭ ᠤᠲᠤᠭ᠎ᠠ ᠳᠡᠭᠳᠡᠵᠦ᠂ ᠬᠡᠩᠭᠡᠷᠭᠡ ᠬᠠᠷᠠᠩᠭ᠎ᠠ ᠶ᠋ᠢᠨ ᠳᠠᠭᠤᠨ ᠭᠠᠷᠤᠭᠰᠠᠨ᠎ᠠ᠂ ᠲᠠᠢᠶᠠᠩ ᠬᠠᠭᠠᠨ ᠶᠠᠭᠠᠷᠠᠨ ᠨᠡᠬᠡᠬᠦ ᠪᠡᠨ ᠵᠣᠭᠰᠣᠵᠤ᠂ ᠬᠠᠷᠠᠬᠠᠨ ᠬᠥᠮᠦᠨ ᠳᠣᠪᠲᠣᠯᠭᠠᠨ ᠦᠵᠡᠬᠦᠯᠭᠦᠢ ᠶ᠋ᠢᠨ ᠵᠠᠪᠰᠠᠷ ᠬᠠᠰᠠᠷ ᠪᠠ ᠵᠡᠪᠡ ᠶ᠋ᠢᠨ ᠴᠡᠷᠢᠭ ᠨᠢᠭᠡᠨᠲᠡ ᠬᠣᠯᠠ ᠡᠴᠢᠵᠦᠬᠦᠢ᠃ ᠲᠡᠢᠨ ᠬᠦ᠌ ᠴᠢᠦᠢ ᠴᠦ᠍ ᠯᠢᠦᠢ ᠥᠭᠦᠯᠡᠷᠦᠨ : 《ᠡᠨᠡ ᠯᠠᠪ ᠮᠤᠬᠤᠯᠢ ᠶ᠋ᠢᠨ ᠰᠡᠵᠢᠭᠯᠡᠭᠦᠯᠬᠦ ᠠᠷᠭ᠎ᠠ᠂ ᠡᠨᠡ ᠲᠠᠰᠢᠷᠠᠮ ᠳ᠋ᠤᠷ ᠨᠡᠬᠡᠵᠦ ᠪᠠᠢᠯᠳᠤᠪᠠᠰᠤ ᠵᠣᠬᠢᠮᠤᠢ᠂ ᠳᠤᠲᠠᠭᠠᠭᠰᠠᠨ ᠴᠡᠷᠢᠭ ᠢ᠋ ᠰᠡᠵᠢᠭ ᠦᠭᠡᠢ ᠳᠠᠷᠤᠨ ᠠᠯᠠᠪᠠᠰᠤ ᠬᠢᠯᠪᠠᠷ᠃ 》ᠭᠡᠮᠡᠨ ᠨᠡᠬᠡᠬᠦᠢ ᠳ᠋ᠦ᠍ᠷ ᠰᠠᠶᠢ ᠬᠠᠩᠭᠠᠢ ᠠᠭᠤᠯᠠᠨ ᠤ᠋ ᠵᠡᠭᠦᠨ ᠬᠣᠢᠲᠤ ᠬᠦᠷᠲᠡᠯ᠎ᠡ ᠮᠥᠨ ᠤᠲᠤᠭ᠎ᠠ ᠭᠠᠷᠤᠭᠰᠠᠨ ᠭᠠᠵᠠᠷ ᠠ᠋ᠴᠠ ᠨᠢᠭᠡᠨ ᠠᠩᠭᠢ ᠴᠡᠷᠢᠭ ᠭᠠᠷᠴᠤ ᠢᠷᠡᠬᠦ ᠶ᠋ᠢ ᠦᠵᠡᠪᠡᠰᠦ ᠪᠧᠲ᠋ᠠ᠋ ᠤᠯᠤᠰ ᠤ᠋ᠨ ᠡᠵᠡᠨ ᠲᠡᠮᠦᠵᠢᠨ ᠨᠢᠭᠡᠨ ᠰᠦᠷᠦᠭ ᠵᠠᠯᠠᠭᠤ ᠵᠠᠩᠵᠤᠨ ᠨᠠᠷ ᠢ᠋ ᠳᠠᠭᠠᠭᠤᠯᠵᠤ ᠭᠠᠷᠴᠤ ᠢᠷᠡᠭᠡᠳ ᠨᠠᠢ᠍ᠮᠠᠨ ᠤ᠋ ᠴᠡᠷᠢᠭ ᠦ᠋ᠨ ᠡᠮᠦᠨ᠎ᠡ ᠡᠴᠡ ᠬᠡᠳᠦᠨ ᠵᠡᠷᠭᠡ ᠬᠠᠯᠳᠠᠨ ᠪᠠᠢᠯᠳᠤᠵᠤ ᠳᠠᠷᠤᠢ ᠴᠡᠷᠢᠭ ᠦ᠋ᠨ ᠡᠮᠦᠨ᠎ᠡ ᠵᠦᠭ ᠡᠭᠡᠭᠦᠯᠬᠦᠶ᠎ᠡ᠂ ᠲᠠᠢᠶᠠᠩ ᠬᠠᠭᠠᠨ ᠶᠡᠬᠡᠯ᠎ᠡ ᠪᠠᠶᠠᠷᠯᠠᠨ : 《ᠴᠣᠬᠣᠮ ᠪᠡᠶ᠎ᠡ ᠢᠨᠦ ᠬᠠᠷᠢᠨ ᠡᠨᠳᠡ ᠪᠣᠢ ! 》ᠭᠡᠮᠡᠨ ᠴᠡᠷᠢᠭ ᠢ᠋ᠶ᠋ᠡᠨ ᠮᠤᠰᠬᠢᠨ ᠡᠭᠡᠭᠦᠯᠵᠦ᠂ ᠲᠠᠢᠽᠦ ᠶ᠋ᠢᠨ ᠴᠡᠷᠢᠭ ᠢ᠋ ᠬᠥᠭᠡᠭᠡᠵᠦ ᠢᠷᠡᠬᠦᠶ᠎ᠡ᠂ ᠪᠧᠲ᠋ᠠ᠋ ᠤᠯᠤᠰ ᠤ᠋ᠨ ᠴᠡᠷᠢᠭ ᠨᠠᠢ᠍ᠮᠠᠨ ᠤᠯᠤᠰ ᠤ᠋ᠨ ᠬᠦᠷᠢᠶᠡᠨ ᠦ᠌ ᠵᠦᠭ ᠳᠣᠪᠲᠣᠯᠤᠨ ᠳᠤᠲᠠᠭᠠᠵᠤ ᠬᠠᠩᠭᠠᠢ ᠠᠭᠤᠯᠠᠨ ᠤ᠋ ᠵᠡᠭᠦᠨ ᠡᠮᠦᠨ᠎ᠡ ᠬᠦᠷᠴᠦ ᠨᠠᠢ᠍ᠮᠠᠨ ᠤ᠋ ᠴᠡᠷᠢᠭ ᠦ᠋ᠨ ᠬᠦᠷᠢᠶᠡᠨ ᠦ᠌ ᠬᠣᠢᠭᠤᠷ ᠪᠠᠷᠠᠭᠤᠨᠰᠢ ᠳᠤᠲᠠᠭᠠᠬᠤᠶ᠎ᠠ᠂ ᠳᠠᠢᠶᠠᠩ ᠬᠠᠭᠠᠨ ᠲᠠᠯᠪᠢᠯ ᠦᠭᠡᠢ ᠱᠠᠭᠠᠷᠳᠠᠨ ᠨᠡᠬᠡᠵᠦ ᠭᠦᠢᠴᠡᠬᠦ ᠰᠢᠬᠠᠲᠠᠯ᠎ᠠ ᠭᠡᠨᠡᠳᠲᠡ ᠬᠠᠩᠭᠠᠢ ᠠᠭᠤᠯᠠᠨ ᠤ᠋ ᠤᠯᠠᠭᠠᠨ ᠬᠣᠱᠤᠤᠲᠤ ᠵᠡᠪᠡ ᠡᠴᠡ ᠮᠤᠬᠤᠯᠢ ᠶ᠋ᠢᠨ ᠴᠡᠷᠢᠭ ᠭᠠᠷᠴᠤ ᠢᠷᠡᠭᠡᠳ ᠲᠠᠢᠽᠦ ᠶ᠋ᠢ ᠥᠩᠭᠡᠷᠡᠭᠦᠯᠦᠨ ᠬᠠᠷᠠᠬᠠᠨ ᠨᠠᠢ᠍ᠮᠠᠨ ᠤ᠋ ᠴᠡᠷᠢᠭ ᠲᠦ᠍ᠷ ᠲᠤᠯᠵᠤ᠂ ᠨᠢᠭᠡᠨ ᠵᠡᠷᠭᠡ ᠲᠤᠯᠤᠯᠴᠠᠨ ᠪᠠᠢᠯᠳᠤᠭᠠᠳ ᠪᠠᠰᠠ ᠳᠤᠲᠠᠭᠠᠵᠤ᠂ ᠲᠠᠢᠽᠦ ᠶ᠋ᠢᠨ ᠬᠣᠢᠨ᠎ᠠ ᠠ᠋ᠴᠠ ᠪᠠᠷᠠᠭᠤᠨ ᠵᠦᠭ ᠳᠣᠪᠲᠣᠯᠪᠠ᠃ ᠨᠠᠢ᠍ᠮᠠᠨ ᠤ᠋ ᠴᠡᠷᠢᠭ ᠪᠠᠰᠠ ᠲᠠᠯᠪᠢᠯ ᠦᠭᠡᠢ ᠨᠡᠬᠡᠬᠦᠶ᠎ᠡ᠂ ᠪᠧᠲ᠋ᠠ᠋ ᠤᠯᠤᠰ ᠤ᠋ᠨ ᠴᠡᠷᠢᠭ ᠰᠢᠭᠤᠳ ᠬᠠᠩᠭᠠᠢ ᠠᠭᠤᠯᠠᠨ ᠤ᠋ ᠪᠠᠷᠠᠭᠤᠨ ᠡᠮᠦᠨ᠎ᠡ ᠶᠡᠬᠡ ᠭᠣᠣᠯ ᠳ᠋ᠤᠷ ᠣᠷᠣᠵᠤ ᠡᠴᠢᠲᠡᠯ᠎ᠡ ᠲᠠᠢᠶᠠᠩ ᠬᠠᠭᠠᠨ ᠶᠡᠬᠡᠯ᠎ᠡ ᠠᠭᠤᠷᠯᠠᠵᠤ : 《ᠡᠨᠡ ᠯᠠᠪ ᠭᠠᠵᠢᠭᠤ ᠠᠷᠭ᠎ᠠ ᠬᠡᠷᠡᠭᠯᠡᠪᠡᠢ ‍ᠶ᠎ᠠ᠂ ᠪᠢᠳᠡ ᠴᠡᠷᠢᠭ ᠢ᠋ᠶ᠋ᠡᠨ ᠡᠭᠡᠭᠦᠯᠵᠦ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠶ᠋ᠢ ᠳᠠᠷᠤᠪᠠᠰᠤ ᠶᠠᠮᠪᠠᠷ ? 》 ᠬᠡᠮᠡᠭᠰᠡᠨ ᠳ᠋ᠦ᠍ᠷ ᠬᠤᠯᠠᠰᠤᠪᠴᠢ᠂ ᠴᠢᠦᠢ ᠴᠦ᠍ ᠯᠢᠦᠢ ᠵᠡᠷᠭᠡ ᠪᠡᠷ ᠥᠭᠦᠯᠡᠷᠦᠨ : 《ᠪᠣᠯᠬᠤ ᠦᠭᠡᠢ᠂ ᠪᠢᠳᠡᠨ ᠦ᠌ ᠴᠡᠷᠢᠭ ᠡᠭᠡᠪᠡᠰᠦ ᠪᠧᠲ᠋ᠠ᠋ ᠤᠯᠤᠰ ᠤ᠋ᠨ ᠴᠡᠷᠢᠭ ᠯᠠᠪ ᠮᠠᠨ ᠢ᠋ ᠭᠡᠳᠡᠷᠭᠦ ᠳᠠᠷᠤᠷ᠎ᠠ ᠡᠴᠢᠮᠦᠢ᠂ ᠡᠨᠡ ᠯᠠᠪ ᠭᠣᠣ ᠶ᠋ᠢᠨ ᠬᠣᠢᠲᠤ ᠠᠮᠠ ᠪᠠᠷ ᠭᠠᠷᠴᠤ ᠬᠠᠰᠠᠷ ᠤ᠋ᠨ ᠴᠡᠷᠢᠭ ᠯᠦ᠍ᠭᠡ ᠨᠡᠢᠯᠡᠵᠦ ᠬᠦᠷᠢᠶᠡᠨ ᠳ᠋ᠦ᠍ᠷ ᠡᠭᠡᠮᠦᠢ᠂ ᠲᠡᠭᠦᠨ ᠢ᠋ ᠭᠣᠣᠯ ᠠ᠋ᠴᠠ ᠭᠠᠷᠤᠨ ᠵᠠᠪᠳᠤᠬᠤ ᠶ᠋ᠢᠨ ᠤᠷᠢᠳ ᠳᠠᠷᠤᠪᠠᠰᠤ ᠵᠣᠬᠢᠮᠤᠢ ! 》ᠬᠡᠮᠡᠬᠦᠢ ᠳ᠋ᠦ᠍ᠷ ᠲᠠᠢᠶᠠᠩ ᠬᠠᠭᠠᠨ ᠰᠡᠳᠬᠢᠯ ᠰᠢᠭᠤᠳᠤᠨ ᠴᠡᠷᠢᠭ ᠢ᠋ ᠱᠠᠭᠠᠷᠳᠠᠨ ᠨᠡᠬᠡᠵᠦ ᠭᠣᠣᠯ ᠤ᠋ᠨ ᠳᠤᠮᠳᠠ ᠬᠦᠷᠲᠡᠯ᠎ᠡ ᠬᠠᠩᠭᠠᠢ ᠠᠭᠤᠯᠠᠨ ᠤ᠋ ᠪᠠᠷᠠᠭᠤᠨ ᠪᠦᠷᠭᠦᠭᠲᠦ ᠳᠣᠪᠣ ᠶ᠋ᠢᠨ ᠳᠡᠭᠡᠷ᠎ᠡ ᠬᠠᠷᠠᠬᠠᠨ ᠲᠠᠢᠽᠦ ᠶ᠋ᠢᠨ ᠴᠡᠷᠢᠭ ᠪᠠᠢᠷᠢᠯᠠᠨ ᠵᠣᠭᠰᠣᠭᠰᠠᠨ ᠳ᠋ᠤᠷ ᠳᠠᠷᠤᠢ ᠪᠦᠷᠭᠦᠭᠲᠦ ᠳᠣᠪᠣ ᠶ᠋ᠢᠨ ᠵᠦᠭ ᠥᠭᠡᠳᠡᠯᠡᠨ᠂ ᠪᠦᠷᠬᠦᠭᠳᠦ ᠵᠡᠪᠡ ᠶ᠋ᠢᠨ ᠠᠮᠠᠨ ᠢ᠋ ᠣᠷᠣᠵᠤ ᠢᠷᠡᠨ᠂ ᠲᠠᠢᠽᠦ ᠶ᠋ᠢᠨ ᠣᠯᠠᠨ ᠴᠡᠷᠢᠭ ᠳᠣᠪᠣ ᠶ᠋ᠢ ᠳᠠᠭᠠᠵᠤ ᠥᠭᠡᠳᠡᠯᠡᠨ ᠪᠤᠷᠤᠭᠤᠯᠠᠪᠠ᠃ ᠡᠭᠦᠨ ᠳ᠋ᠦ᠍ᠷ ᠲᠠᠢᠶᠠᠩ ᠬᠠᠭᠠᠨ ᠰᠡᠵᠢᠭᠯᠡᠵᠦ ᠥᠭᠦᠯᠡᠷᠦᠨ : 《ᠡᠳᠡᠨ ᠦ᠌ ᠴᠡᠷᠢᠭ ᠡᠨᠡ ᠮᠤᠬᠤᠷ ᠭᠣᠣᠯ ᠳ᠋ᠤᠷ ᠣᠷᠣᠬᠤ ᠠᠨᠤ ᠯᠠᠪ ᠠᠷᠭ᠎ᠠ ᠪᠣᠢ᠃ 》ᠬᠡᠮᠡᠲᠡᠯ᠎ᠡ ᠴᠢᠦᠢ ᠴᠦ᠍ ᠯᠢᠦᠢ ᠥᠭᠦᠯᠡᠷᠦᠨ : 《ᠠᠷᠭ᠎ᠠ ᠪᠠᠢᠪᠠᠰᠤ ᠲᠡᠭᠦᠨ ᠦ᠌ ᠪᠡᠶ᠎ᠡ ᠮᠥᠨ ᠵᠡᠪᠡ ᠳ᠋ᠦ᠍ᠷ ᠪᠣᠢ ᠲᠤᠯᠠ ᠵᠡᠪᠡ ᠡᠴᠡ ᠮᠥᠨ ᠬᠡᠷᠬᠢᠨ ᠭᠠᠷᠤᠮᠤᠢ ! 》ᠭᠡᠮᠡᠨ ᠪᠠᠰᠠ ᠳᠣᠪᠲᠣᠯᠤᠨ ᠶᠠᠪᠤᠲᠠᠯ᠎ᠠ ᠮᠤᠬᠤᠯᠢ ᠶ᠋ᠢᠨ ᠴᠡᠷᠢᠭ ᠪᠠᠰᠠ ᠬᠠᠩᠭᠠᠢ ᠠᠭᠤᠯᠠᠨ ᠤ᠋ ᠪᠠᠷᠠᠭᠤᠨ ᠬᠠᠪᠢᠷᠭ᠎ᠠ ᠳ᠋ᠤᠷ ᠪᠠᠢᠷᠢᠯᠠᠨ ᠪᠥᠭᠡᠳ ᠨᠠᠢ᠍ᠮᠠᠨ ᠤ᠋ ᠴᠡᠷᠢᠭ ᠢ᠋ ᠬᠣᠶᠠᠷ ᠭᠣᠣᠯ ᠠᠯᠤᠰ ᠦᠵᠡᠮᠡᠭᠴᠡ ᠰᠢᠭᠤᠳ ᠪᠦᠷᠬᠦᠭᠲᠦ ᠭᠣᠣᠯ ᠢ᠋ ᠭᠡᠲᠦᠯᠵᠦ᠂ ᠪᠠᠷᠠᠭᠤᠨ ᠬᠣᠢᠲᠤ ᠵᠦᠭ ᠪᠤᠷᠤᠭᠤᠯᠠᠪᠠ᠃ ᠲᠠᠢᠶᠠᠩ ᠬᠠᠭᠠᠨ ᠶᠡᠬᠡᠯ᠎ᠡ ᠰᠡᠵᠢᠭᠯᠡᠵᠦ ᠬᠠᠷᠠᠬᠠᠨ ᠲᠣᠭᠲᠠᠭᠤᠷᠢ ᠦᠭᠡᠢ ᠪᠠᠢᠲᠠᠯ᠎ᠠ ᠪᠠᠷᠠᠭᠤᠨ ᠡᠮᠦᠨ᠎ᠡ ᠶᠡᠬᠡ ᠫᠤᠤ ᠳᠠᠭᠤᠷᠢᠰᠴᠤ ᠨᠢᠭᠡᠨ ᠠᠩᠭᠢ ᠴᠡᠷᠢᠭ ᠡᠰᠡᠷᠭᠦᠴᠡᠨ ᠢᠷᠡᠵᠦ ᠪᠠᠢᠯᠳᠤᠬᠤᠢ ᠳ᠋ᠤᠷ ᠲᠡᠷᠢᠭᠦᠯᠡᠭᠰᠡᠨ ᠵᠠᠩᠵᠤᠨ ᠠᠨᠤ ᠪᠢᠴᠢᠬᠠᠨ ᠬᠡᠦᠬᠡᠳ ᠪᠥᠭᠡᠳ ᠴᠥᠮ ᠤᠯᠠᠭᠠᠨ ᠠᠷᠰᠯᠠᠨ ᠤ᠋ ᠲᠤᠭ ᠰᠢᠭᠦᠷ ᠪᠠᠷᠢᠵᠤᠬᠤᠢ᠃ ᠲᠤᠭ ᠲᠤᠷ《ᠲᠠᠢᠽᠢ ᠵᠣᠴᠢ᠂ ᠴᠠᠭᠠᠲᠠᠢ 》ᠭᠡᠮᠡᠨ ᠪᠢᠴᠢᠵᠦᠬᠦᠢ᠃ ᠡᠭᠦᠨ᠎ᠡ ᠴᠡᠷᠢᠭ ᠦ᠋ᠨ ᠰᠡᠳᠬᠢᠯ ᠰᠠᠶᠢ ᠰᠤᠯᠠ ᠪᠣᠯᠵᠤ᠂ ᠳᠡᠮᠡᠢ ᠠᠷᠭ᠎ᠠ ᠦᠭᠡᠢ ᠬᠡᠮᠡᠵᠦ ᠪᠠᠢᠯᠳᠤᠰᠤᠭᠠᠢ ᠬᠡᠮᠡᠬᠦᠯ᠎ᠡ ᠵᠣᠴᠢ ᠴᠠᠭᠠᠲᠠᠢ ᠪᠡᠶ᠎ᠡ ᠳ᠋ᠦ᠍ᠷ ᠴᠥᠮ ᠮᠥᠩᠭᠥᠨ ᠦ᠌ ᠬᠤᠶᠠᠭ ᠠᠯᠲᠠᠨ ᠤ᠋ ᠳᠤᠭᠤᠯᠠᠭ᠎ᠠ ᠡᠮᠦᠰᠴᠦ ᠬᠡᠳᠦᠬᠡᠨ ᠵᠠᠭᠤᠨ ᠬᠥᠮᠦᠨ ᠢ᠋ ᠳᠠᠭᠠᠭᠤᠯᠵᠤ ᠦᠬᠦᠨ ᠳᠤᠲᠠᠭᠠᠨ ᠭᠣᠣᠯ ᠤ᠋ᠨ ᠥᠭᠡᠳᠡ ᠶᠠᠪᠤᠪᠠ᠃ ᠳᠠᠢᠶᠠᠩ ᠬᠠᠭᠠᠨ ᠶᠠᠭᠠᠷᠠᠨ ᠥᠭᠦᠯᠡᠷᠦᠨ : 《ᠡᠨᠡ ᠲᠡᠮᠦᠵᠢᠨ ᠦ᠌ ᠬᠡᠦᠬᠡᠳ ᠢ᠋ ᠪᠠᠷᠢᠪᠠᠰᠤ ᠪᠧᠲ᠋ᠠ᠋ ᠤᠯᠤᠰ ᠢ᠋ ᠲᠣᠭᠲᠠᠭᠠᠵᠤ ᠪᠣᠯᠤᠮᠤᠢ ! 》ᠭᠡᠮᠡᠨ ᠨᠡᠬᠡᠬᠦᠶ᠎ᠡ᠂ ᠲᠡᠷᠡ ᠨᠢᠭᠡᠨ ᠠᠩᠭᠢ ᠴᠡᠷᠢᠭ ᠦ᠋ᠨ ᠶᠠᠪᠤᠬᠤ ᠠᠨᠤ ᠮᠠᠰᠢ ᠲᠦᠷᠭᠡᠨ ᠴᠥᠮ ᠠᠪᠠ ᠰᠢᠪᠠᠭᠤᠨ᠎ᠠ ᠣᠯᠠᠨ ᠶᠠᠪᠤᠭᠰᠠᠨ ᠮᠣᠷᠢ ᠲᠤᠯᠠ ᠬᠠᠷᠠᠬᠠᠨ ᠨᠡᠬᠡᠵᠦ ᠭᠦᠢᠴᠡᠬᠦ ᠦᠭᠡᠢ ᠪᠥᠬᠥᠶ᠎ᠡ᠂ ᠵᠣᠴᠢ᠂ ᠴᠠᠭᠠᠲᠠᠢ ᠶ᠋ᠢᠨ ᠴᠡᠷᠢᠭ ᠭᠡᠨᠡᠳᠲᠡ ᠳᠠᠯᠪᠠᠭ᠎ᠠ ᠲᠠᠯᠪᠢᠵᠤ ᠵᠡᠭᠦᠨ ᠨᠠᠷᠢᠨ ᠭᠣᠣᠯ ᠳ᠋ᠤᠷ ᠣᠷᠣᠵᠤ ᠡᠴᠢᠪᠡ᠃ ᠲᠠᠢᠶᠠᠩ ᠬᠠᠭᠠᠨ ᠤ᠋ ᠶᠡᠬᠡ ᠴᠡᠷᠢᠭ ᠨᠠᠷᠢᠨ ᠭᠣᠣᠯ ᠳ᠋ᠤᠷ ᠣᠷᠣᠵᠤ ᠦᠯᠦ ᠪᠣᠯᠬᠤ ᠲᠤᠯᠠ ᠬᠠᠷᠠᠬᠠᠨ ᠵᠣᠭ ᠵᠣᠭᠰᠣᠵᠤ ᠦᠵᠡᠬᠦᠯ᠎ᠡ ᠪᠦᠷᠬᠦᠭ ᠭᠣᠣᠯ ᠤ᠋ᠨ ᠡᠬᠢᠨ ᠦ᠌ ᠠᠭᠤᠯᠠᠨ ᠤ᠋ ᠬᠠᠪᠠᠷ ᠲᠤᠷ ᠪᠧᠲ᠋ᠠ᠋ ᠤᠯᠤᠰ ᠤ᠋ᠨ ᠴᠡᠷᠢᠭ ᠨᠢᠭᠡᠨ ᠪᠠᠭ ᠵᠣᠭᠰᠣᠵᠤ᠂ ᠲᠤᠭ ᠲᠤᠷ ᠯᠠᠪᠯᠠᠨ ᠦᠵᠡᠪᠡᠰᠦ ᠲᠠᠢᠽᠦ ᠶ᠋ᠢᠨ ᠴᠡᠷᠢᠭ ᠲᠤᠯᠠ ᠴᠡᠷᠢᠭ ᠢ᠋ ᠴᠢᠩᠳᠠ ᠴᠠᠭᠠᠵᠠᠯᠠᠨ : 《ᠬᠡᠨ ᠬᠥᠮᠦᠨ ᠬᠣᠢᠰᠢᠯᠠᠪᠠᠰᠤ ᠠᠯᠠᠮᠤᠢ᠂ ᠴᠣᠬᠢᠨ ᠭᠠᠷᠴᠤ ᠲᠡᠮᠦᠵᠢᠨ ᠢ᠋ ᠪᠠᠷᠢᠭᠲᠤᠨ ! 》ᠭᠡᠮᠡᠨ ᠳᠣᠪᠲᠣᠯᠭᠠᠨ ᠡᠴᠢᠵᠦ ᠭᠣᠣᠯ ᠤ᠋ᠨ ᠡᠬᠢᠨ᠎ᠡ ᠬᠦᠷᠲᠡᠯ᠎ᠡ ᠭᠣᠣ ᠶ᠋ᠢᠨ ᠡᠬᠢᠨ ᠦ᠌ ᠳᠡᠭᠡᠷ᠎ᠡ ᠨᠢᠭᠡᠨ ᠵᠡᠷᠭᠡ ᠫᠤᠤ ᠳᠠᠭᠤᠷᠢᠰᠴᠤ ᠲᠠᠢᠽᠦ ᠥᠪᠡᠷ ᠢ᠋ᠶ᠋ᠡᠨ ᠶᠡᠬᠡ ᠪᠠᠢᠯᠳᠤᠭᠠᠨ ᠤ᠋ ᠬᠡᠩᠭᠡᠷᠭᠡ ᠶ᠋ᠢ ᠴᠣᠬᠢᠵᠤ᠂ ᠣᠯᠠᠨ ᠴᠡᠷᠢᠭ ᠢ᠋《ᠬᠠᠮᠲᠤ ᠪᠠᠷ ᠠᠯᠠᠨ ᠣᠷᠣ ! 》 ᠭᠡᠮᠡᠨ ᠬᠠᠰᠬᠢᠷᠤᠭᠤᠯᠤᠭᠰᠠᠨ ᠳ᠋ᠤᠷ ᠬᠠᠪᠠᠷ ᠤ᠋ᠨ ᠳᠣᠣᠷ᠎ᠠ ᠠ᠋ᠴᠠ ᠨᠢᠭᠡᠨ ᠠᠩᠭᠢ ᠪᠦᠭᠭᠦᠭᠰᠡᠨ ᠴᠡᠷᠢᠭ ᠨᠠᠢ᠍ᠮᠠᠨ ᠤ᠋ ᠴᠡᠷᠢᠭ ᠦ᠋ᠨ ᠨᠢᠳᠦ ᠶ᠋ᠢ ᠴᠢᠴᠢᠮ᠎ᠡ ᠭᠠᠷᠴᠤ ᠰᠢᠭᠤᠳ ᠪᠠᠷᠰ ᠤ᠋ᠨ ᠰᠢᠲᠦ ᠶ᠋ᠢᠨ ᠬᠢᠭᠢᠷᠢ ᠪᠡᠷ ᠠᠷᠪᠠᠨ ᠬᠣᠶᠠᠷ ᠠᠩᠭᠢ ᠪᠠᠷ ᠡᠰᠡᠷᠭᠦ ᠴᠣᠬᠢᠨ ᠢᠷᠡᠭᠰᠡᠨ᠎ᠡ᠂ ᠨᠠᠢ᠍ᠮᠠᠨ ᠤ᠋ ᠴᠡᠷᠢᠭ ᠬᠠᠷᠠᠬᠠᠨ ᠲᠠᠢᠽᠦ ᠶ᠋ᠢᠨ ᠵᠣᠭᠰᠣᠬᠤ ᠬᠠᠪᠠᠷ ᠢ᠋ ᠬᠠᠷᠠᠵᠤ ᠶᠠᠪᠤᠬᠤ ᠲᠤᠯᠠ ᠭᠡᠨᠡᠳᠲᠡ ᠡᠪᠦᠳᠦᠭ ᠦ᠋ᠨ ᠳᠣᠣᠷ᠎ᠠ ᠠ᠋ᠴᠠ ᠶᠡᠬᠡ ᠴᠡᠷᠢᠭ ᠭᠠᠷᠤᠭᠰᠠᠨ ᠡᠨᠡ ᠦᠶ᠎ᠡ ᠳ᠋ᠦ᠍ᠷ ᠵᠠᠮᠤᠬ᠎ᠠ ᠰᠡᠭᠦᠯ ᠳ᠋ᠦ᠍ᠷ ᠶᠠᠪᠤᠬᠤᠶ᠎ᠠ ᠪᠤᠰᠤ ᠠᠢᠮᠠᠭ ᠤ᠋ᠳ ᠤ᠋ᠨ ᠡᠵᠡᠨ ᠳ᠋ᠦ᠍ᠷ ᠥᠭᠦᠯᠡᠷᠦᠨ : 《ᠨᠠᠢ᠍ᠮᠠᠨ ᠤ᠋ ᠳᠠᠢᠶᠠᠩ ᠬᠠᠭᠠᠨ ᠬᠣᠷᠢᠨ ᠲᠦᠮᠡᠨ ᠦ᠌ ᠴᠡᠷᠢᠭ ᠢ᠋ᠶ᠋ᠡᠷ ᠪᠧᠲ᠋ᠠ᠋ ᠤᠯᠤᠰ ᠤ᠋ᠨ ᠵᠦᠭ ᠢᠷᠡᠬᠦᠢ ᠳ᠋ᠦ᠍ᠷ ᠪᠧᠲ᠋ᠠ᠋ ᠤᠯᠤᠰ ᠤ᠋ᠨ ᠴᠡᠷᠢᠭ ᠢ᠋ ᠬᠣᠨᠢᠨ ᠬᠡᠪᠡᠯᠢ ᠶ᠋ᠢᠨ ᠳᠣᠲᠣᠷᠠᠬᠢ ᠵᠤᠯᠪᠤᠳᠠᠰᠤᠨ ᠯᠤᠭ᠎ᠠ ᠠᠳᠠᠯᠢ ᠲᠣᠯᠣᠭᠠᠢ ᠰᠢᠭᠢᠷ᠎ᠡ ᠠᠷᠠᠰᠤ ᠡᠯᠢᠭᠡ ᠯᠦ᠍ᠭᠡ ᠨᠡᠢᠲᠡ ᠶ᠋ᠢ ᠦᠯᠡᠳᠡᠭᠡᠯ ᠦᠭᠡᠢ ᠢᠳᠡᠬᠦ ᠪᠡᠷ ᠠᠭᠠᠰᠢᠯᠠᠬᠤ ᠪᠥᠯᠥᠭᠡ᠃ ᠡᠳᠦᠭᠡ ᠪᠢ ᠡᠨᠡ ᠪᠧᠲ᠋ᠠ᠋ ᠤᠯᠤᠰ ᠤ᠋ᠨ ᠴᠡᠷᠢᠭ ᠦ᠋ᠨ ᠠᠮᠤᠷ ᠠᠮᠢᠰᠬᠤᠯ ᠢ᠋ ᠰᠢᠨᠵᠢᠯᠡᠪᠡᠰᠦ ᠤᠷᠢᠳᠠᠬᠢ ᠠ᠋ᠴᠠ ᠶᠡᠬᠡᠯ᠎ᠡ ᠥᠪᠡᠷ᠎ᠡ  ᠪᠣᠯᠵᠤᠬᠤᠢ ! 》ᠭᠡᠮᠡᠨ ᠢᠯᠳᠡᠰᠢ ᠮᠥᠷᠡᠨ ᠦ᠌ ᠮᠠᠢᠯᠵᠢ ᠶ᠋ᠢᠨ ᠲᠣᠳᠣ ᠪᠠ ᠸᠠᠢᠯᠠ ᠶ᠋ᠢᠨ ᠬᠤᠪᠢᠲᠤ ᠬᠤᠸᠠ ᠯᠤᠭ᠎ᠠ ᠨᠠᠢ᠍ᠮᠠᠨ ᠤ᠋ ᠴᠡᠷᠢᠭ ᠦ᠋ᠨ ᠬᠣᠢᠨ᠎ᠠ ᠬᠣᠴᠣᠷᠴᠤ ᠬᠣᠶᠠᠷ ᠴᠡᠷᠢᠭ ᠦ᠋ᠨ ᠪᠠᠢᠳᠠᠯ ᠢ᠋ ᠦᠵᠡᠬᠦᠯ᠎ᠡ᠂ ᠠᠭᠤᠯᠠᠨ ᠤ᠋ ᠬᠠᠪᠠᠷ ᠤ᠋ᠨ ᠳᠣᠣᠷ᠎ᠠ ᠠ᠋ᠴᠠ ᠠᠯᠤᠬ᠎ᠠ ᠰᠦᠬᠡ ᠶ᠋ᠢᠨ ᠪᠦᠭᠭᠦᠭᠰᠡᠨ ᠴᠡᠷᠢᠭ ᠰᠢᠭᠤᠳ ᠴᠣᠬᠢᠨ ᠣᠷᠣᠵᠤ ᠢᠷᠡᠲᠡᠯ᠎ᠡ ᠠᠭᠤᠯᠠᠨ ᠤ᠋ ᠬᠣᠶᠠᠷ ᠬᠠᠪᠢᠷᠭ᠎ᠠ ᠠ᠋ᠴᠠ ᠪᠦᠷᠢᠶ᠎ᠡ ᠶ᠋ᠢᠨ ᠳᠠᠭᠤᠨ ᠭᠠᠷᠴᠤ ᠬᠣᠶᠠᠷ ᠡᠲᠡᠭᠡᠳ ᠡᠴᠡ ᠪᠠᠰᠠ ᠬᠣᠯᠬᠣᠪᠴᠢ ᠨᠤᠮᠤ ᠪᠠᠷ ᠬᠠᠷᠪᠤᠵᠤ ᠠᠯᠠᠨ ᠪᠠᠭᠤᠵᠤ ᠢᠷᠡᠭᠰᠡᠨ ᠳ᠋ᠦ᠍ᠷ ᠨᠠᠢ᠍ᠮᠠᠨ ᠤ᠋ ᠴᠡᠷᠢᠭ ᠰᠣᠴᠢᠮᠠᠭᠠᠢ ᠪᠠᠷ ᠤᠴᠠᠷᠠᠭᠰᠠᠨ᠎ᠠ ᠬᠠᠷᠠᠬᠠᠨ ᠰᠡᠵᠢᠭᠯᠡᠬᠦᠶ᠎ᠡ᠂ ᠭᠡᠨᠡᠳᠲᠡ ᠪᠠᠰᠠ ᠬᠣᠶᠠᠷ ᠬᠠᠵᠠᠭᠤ ᠶ᠋ᠢᠨ ᠵᠡᠪᠡ ᠪᠠ ᠭᠣᠣᠯ ᠤ᠋ᠨ ᠡᠷᠭᠢ ᠡᠴᠡ ᠪᠦᠷᠢᠶ᠎ᠡ ᠶ᠋ᠢᠨ ᠳᠠᠭᠤᠨ ᠭᠠᠷᠴᠤ ᠬᠣᠶᠠᠷ ᠠᠩᠭᠢ ᠴᠡᠷᠢᠭ ᠬᠠᠭᠠᠵᠤ ᠢᠷᠡᠪᠡ᠃ ᠦᠵᠡᠰᠡ ᠬᠠᠪᠤᠲᠤ ᠬᠠᠰᠠᠷ ᠤ᠋ᠨ ᠴᠡᠷᠢᠭ ᠬᠡᠳᠦᠢᠨᠡᠢ ᠠᠭᠤᠯᠠᠨ ᠢ᠋ ᠳᠠᠪᠠᠵᠤ ᠬᠦᠷᠴᠦ ᠢᠷᠡᠭᠰᠡᠨ ᠠᠵᠤᠭᠤ᠃ 
       ᠲᠡᠳᠦᠢ ᠨᠠᠢ᠍ᠮᠠᠨ ᠤ᠋ ᠴᠡᠷᠢᠭ ᠶᠡᠬᠡᠯ᠎ᠡ ᠠᠶᠤᠵᠤ ᠰᠡᠵᠢᠭᠯᠡᠬᠦᠶ᠎ᠡ᠂ ᠳᠠᠢᠶᠠᠩ ᠬᠠᠭᠠᠨ ᠬᠡᠳᠦᠢ ᠠᠷᠭ᠎ᠠ ᠳ᠋ᠤᠷ ᠣᠷᠣᠭᠰᠠᠨ ᠢ᠋ᠶ᠋ᠠᠨ ᠮᠡᠳᠡᠪᠡᠴᠦ ᠴᠡᠷᠢᠭ ᠢ᠋ ᠭᠤᠷᠪᠠᠨ ᠠᠩᠭᠢ ᠬᠠᠭᠠᠰᠯᠠᠵᠤ᠂ ᠭᠤᠷᠪᠠᠨ ᠵᠦᠭ ᠲᠦ᠍ᠷ ᠲᠤᠯᠬᠤᠢ ᠳ᠋ᠤᠷ ᠬᠥᠮᠦᠨ ᠮᠣᠷᠢ ᠥᠭᠡᠳᠡ ᠪᠠᠢᠯᠳᠤᠬᠤᠢ ᠳ᠋ᠤᠷ ᠪᠡᠷᠬᠡ ᠲᠤᠯᠠ ᠭᠤᠷᠪᠠᠨ ᠡᠲᠡᠭᠡᠳ ᠦ᠋ᠨ ᠪᠠᠢᠯᠳᠤᠨ ᠪᠠᠭᠤᠵᠤ ᠢᠷᠡᠬᠦ ᠢᠨᠦ ᠴᠢᠯᠠᠭᠤ ᠥᠩᠬᠥᠷᠢᠨ ᠠᠭᠤᠯᠠ ᠶᠡᠭᠦᠷᠡᠬᠦ ᠮᠡᠲᠦ ᠲᠤᠯᠠ ᠡᠮᠦᠨ᠎ᠡ ᠴᠡᠷᠢᠭ ᠦ᠋ᠨ ᠬᠣᠯᠠᠰᠤᠪᠴᠢ᠂ ᠠᠯᠤᠬ᠎ᠠ ᠯᠤᠭ᠎ᠠ ᠪᠠᠢᠯᠳᠤᠨ᠂ ᠴᠢᠦᠢ ᠱᠢ ᠯᠢ ᠰᠦᠬᠡ ᠯᠦ᠋ᠭᠡ ᠲᠤᠯᠵᠤ᠂ ᠬᠣᠶᠠᠷ ᠡᠲᠡᠭᠡᠳ ᠦ᠋ᠨ ᠳᠥᠷᠪᠡᠨ ᠵᠠᠩᠵᠤᠨ ᠬᠣᠷᠢᠨ ᠤᠳᠠᠭ᠎ᠠ ᠵᠥᠷᠢᠴᠡᠯᠳᠦᠨ᠂ ᠠᠯᠤᠬ᠎ᠠ ᠰᠠᠷᠠᠨ ᠰᠦᠬᠡ ᠪᠡᠨ ᠬᠣᠭᠣᠰᠣᠨ ᠭᠠᠵᠠᠷ ᠬᠡᠳᠦᠨᠲᠡ ᠬᠤᠷᠤᠢᠯᠠᠨ ᠬᠣᠯᠠᠰᠤᠪᠴᠢ ᠶ᠋ᠢᠨ ᠰᠤᠭᠤᠨ ᠳᠣᠣᠭᠤᠷ ᠰᠢᠷᠭᠤᠨ ᠭᠠᠷᠴᠤ ᠭᠡᠨᠡᠳᠲᠡ ᠪᠡᠶ᠎ᠡ ᠡᠭᠡᠵᠦ ᠬᠤᠯᠠᠰᠤᠪᠴᠢ ᠶ᠋ᠢᠨ ᠠᠷᠤ ᠬᠣᠢᠨ᠎ᠠ ᠠ᠋ᠴᠠ ᠲᠣᠯᠣᠭᠠᠢ ᠤᠷᠤᠭᠤ ᠨᠢᠭᠡᠨᠲᠡ ᠴᠠᠪᠴᠢᠵᠤ ᠬᠣᠶᠠᠷ ᠠᠩᠭᠢ ᠪᠣᠯᠭᠠᠪᠠ᠃ ᠡᠭᠦᠨ ᠳ᠋ᠦ᠍ᠷ ᠴᠢᠦᠢ ᠱᠢ ᠯᠢ ᠶᠡᠬᠡᠯ᠎ᠡ ᠰᠣᠴᠢᠵᠤ᠂ ᠰᠦᠬᠡ ᠯᠦ᠍ᠭᠡ ᠪᠠᠢᠯᠳᠤᠬᠤᠶ᠎ᠠ᠂ ᠰᠦᠬᠡ ᠭᠡᠨᠡᠳᠲᠡ ᠡᠮᠡᠭᠡᠯ ᠦ᠋ᠨ ᠠᠷᠤ ᠳ᠋ᠤᠷ ᠲᠠᠩᠭᠠᠢᠨ ᠬᠡᠪᠲᠡᠵᠦ ᠳᠣᠪᠲᠣᠯᠤᠨ ᠣᠷᠣᠵᠤ᠂ ᠴᠢᠦᠢ ᠱᠢ ᠯᠢ ᠶ᠋ᠢᠨ ᠳᠡᠷᠭᠡᠳᠡ ᠬᠦᠷᠴᠦ ᠢᠷᠡᠮᠡᠭᠴᠡ ᠪᠡᠶ᠎ᠡ ᠨᠢᠭᠡᠨᠲᠡ ᠤᠷᠪᠠᠵᠤ ᠵᠡᠪᠰᠡᠭ ᠢ᠋ᠶ᠋ᠡᠨ ᠲᠠᠶᠠᠭᠳᠠᠨ ᠴᠢᠦᠢ ᠱᠢ ᠯᠢ ᠶ᠋ᠢᠨ ᠳᠤᠮᠳᠠᠭᠤᠷ ᠲᠡᠪᠡᠷᠢᠭᠡᠳ ᠮᠣᠷᠢ ᠪᠠᠨ ᠨᠢᠭᠡᠨᠲᠡ ᠢᠰᠬᠦᠯᠵᠦ᠂ ᠴᠢᠦᠢ ᠱᠢ ᠯᠢ ᠶ᠋ᠢᠨ ᠮᠣᠷᠢᠨ ᠳᠡᠭᠡᠷ᠎ᠡ ᠭᠠᠷᠴᠤ ᠢᠷᠡᠭᠡᠳ ᠥᠩᠭᠡᠯᠦᠦᠷ ᠥᠭᠡᠳᠡ ᠨᠢᠭᠡᠨᠲᠡ ᠪᠠᠵᠠᠨ ᠠᠳᠬᠤᠵᠤ ᠬᠣᠶᠠᠭᠤᠯᠠ ᠬᠠᠮᠲᠤ ᠮᠣᠷᠢᠨ ᠠ᠋ᠴᠠ ᠥᠩᠬᠥᠷᠢᠨ ᠤᠨᠠᠵᠤ ᠢᠷᠡᠭᠰᠡᠨ ᠢ᠋ ᠠᠯᠤᠬ᠎ᠠ ᠴᠡᠷᠢᠭ ᠢ᠋ᠶ᠋ᠡᠷ ᠳᠠᠷᠤᠨ ᠣᠷᠣᠵᠤ᠂ ᠴᠢᠦᠢ ᠱᠢ ᠯᠢ ᠶ᠋ᠢ ᠠᠮᠢᠳᠤ ᠪᠠᠷᠢᠪᠠ᠃ ᠲᠠᠢᠶᠠᠩ ᠬᠠᠭᠠᠨ ᠶᠡᠬᠡᠯ᠎ᠡ ᠴᠢᠬᠤᠯᠳᠠᠵᠤ ᠪᠠᠢᠲᠠᠯ᠎ᠠ ᠵᠡᠭᠦᠨ ᠮᠥᠷᠥ ᠶ᠋ᠢᠨ ᠵᠡᠭᠦᠨ ᠠᠭᠤᠯᠠᠨ ᠤ᠋ ᠳᠡᠪᠰᠡᠭ ᠲᠣᠷ ᠪᠧᠲ᠋ᠠ᠋ ᠤᠯᠤᠰ ᠤ᠋ᠨ ᠴᠡᠷᠢᠭ ᠡᠴᠡ ᠪᠦᠬᠦ ᠪᠡᠯᠭᠦᠳᠡᠢ᠂ ᠣᠢᠲᠤ ᠣᠴᠢᠭ ᠬᠣᠶᠠᠭᠤᠯᠠ ᠨᠠᠢ᠍ᠮᠠᠨ ᠤ᠋ ᠰᠥᠷᠦᠯᠬᠡᠭ ᠢ᠋ ᠵᠢᠳᠠᠯᠠᠨ ᠤᠨᠠᠭᠠᠵᠤ᠂ ᠶᠡᠬᠡ ᠴᠡᠷᠢᠭ ᠢ᠋ᠶ᠋ᠡᠷ ᠳᠠᠷᠤᠨ ᠣᠷᠣᠵᠤ ᠢᠷᠡᠬᠦᠶ᠎ᠡ᠂ ᠪᠠᠷᠠᠭᠤᠨ ᠮᠥᠷᠥ ᠶ᠋ᠢᠨ ᠴᠡᠷᠢᠭ ᠦ᠋ᠨ ᠮᠢᠩᠭᠠᠲᠠᠨ ᠭᠠᠯᠵᠠᠭᠤ ᠪᠤᠬ᠎ᠠ ᠬᠣᠶᠠᠭᠤᠯᠠ ᠪᠧᠲ᠋ᠠ᠋ ᠤᠯᠤᠰ ᠤ᠋ᠨ ᠬᠠᠪᠤᠲᠤ ᠬᠠᠰᠠᠷ᠂ ᠪᠣᠱᠣᠭᠲᠤ ᠪᠤᠲ᠋ᠤ ᠯᠤᠭ᠎ᠠ ᠪᠠᠢᠯᠳᠤᠬᠤᠶ᠎ᠠ᠂ ᠮᠢᠩᠭᠠᠲᠠᠨ ᠤ᠋ ᠮᠣᠷᠢᠨ ᠲᠣᠢᠯᠠᠵᠤ ᠣᠢᠴᠢᠭᠰᠠᠨ ᠢ᠋ ᠭᠠᠯᠵᠠᠭᠤ ᠪᠤᠬ᠎ᠠ ᠬᠠᠮᠠᠭᠠᠯᠠᠨ ᠪᠠᠢᠯᠳᠤᠬᠤᠶ᠎ᠠ᠂ ᠬᠠᠪᠤᠲᠤ ᠬᠠᠰᠠᠷ ᠭᠠᠯᠵᠠᠭᠤ ᠪᠤᠬ᠎ᠠ ᠶ᠋ᠢᠨ ᠢᠯᠳᠦ ᠪᠠᠷᠢᠭ᠍ᠰᠠᠨ ᠭᠠᠷ ᠢ᠋ ᠬᠠᠷᠪᠤᠭᠰᠠᠨ ᠳ᠋ᠤᠷ ᠴᠢᠪᠬᠢᠲᠡᠯ᠎ᠡ ᠪᠠᠷᠠᠭᠤᠨ ᠭᠠᠷ ᠤ᠋ᠨ ᠠᠷᠤ ᠨᠢᠭᠡᠨᠲᠡ ᠣᠨᠣᠭᠳᠠᠵᠤ ᠢᠯᠳᠦᠨ ᠦ᠌ ᠪᠠᠷᠢᠭᠤᠯ ᠳ᠋ᠤᠷ ᠭᠠᠳᠠᠭᠰᠠᠨ᠎ᠠ᠂ ᠭᠠᠯᠵᠠᠭᠤ ᠪᠤᠬ᠎ᠠ ᠪᠠᠢᠯᠳᠤᠨ ᠴᠢᠳᠠᠬᠤ ᠦᠭᠡᠢ ᠵᠢᠭ᠍ᠰᠠᠭᠠᠯ ᠤ᠋ᠨ ᠵᠦᠭ ᠳᠤᠲᠠᠭᠠᠨ ᠣᠷᠣᠵᠤ ᠢᠷᠡᠭᠰᠡᠨ᠎ᠡ᠂ ᠪᠣᠲ᠋ᠣ ᠬᠡᠳᠦᠢᠨᠡᠢ ᠪᠠᠰᠠ ᠶᠡᠬᠡ ᠴᠡᠷᠢᠭ ᠢ᠋ ᠠᠪᠴᠤ ᠳᠠᠷᠤᠨ ᠣᠷᠣᠵᠤ ᠢᠷᠡᠪᠡ᠃ ᠲᠠᠢᠶᠠᠩ ᠬᠠᠭᠠᠨ ᠲᠤᠯᠵᠤ ᠴᠢᠳᠠᠬᠤ ᠦᠭᠡᠢ ᠪᠡᠨ ᠮᠡᠳᠡᠵᠦ ᠬᠠᠷᠠᠬᠠᠨ ᠠᠷᠭ᠎ᠠ ᠦᠭᠡᠢ ᠪᠥᠬᠥᠶ᠎ᠡ᠂ ᠲᠠᠢᠽᠦ ᠶ᠋ᠢᠨ ᠴᠡᠷᠢᠭ ᠪᠠᠰᠠ ᠬᠠᠪᠠᠷ ᠤᠷᠤᠭᠤ ᠨᠢᠰᠬᠦ ᠮᠡᠲᠦ ᠴᠣᠬᠢᠨ ᠣᠷᠣᠵᠤ ᠢᠷᠡᠭᠡᠳ ᠬᠡᠩᠭᠡᠷᠭᠡ ᠶ᠋ᠢᠨ ᠳᠠᠭᠤᠨ ᠳ᠋ᠤᠷ ᠬᠠᠳᠠ ᠠᠨᠢᠷᠯᠠᠮᠤᠢ᠃ ᠡᠭᠦᠨ ᠳ᠋ᠦ᠍ᠷ ᠲᠠᠢᠶᠠᠩ ᠬᠠᠭᠠᠨ ᠰᠠᠨᠠᠪᠠᠰᠤ ᠲᠤᠯᠬᠤᠶ᠎ᠠ ᠪᠡᠷᠬᠡ ᠭᠡᠮᠡᠨ ᠴᠡᠷᠢᠭ ᠢ᠋ ᠡᠭᠡᠭᠦᠯᠵᠦ ᠪᠤᠷᠤᠭᠤᠯᠠᠬᠤᠶ᠎ᠠ᠂ ᠳᠡᠮᠡᠢ ᠲᠠᠪᠢᠨ ᠭᠠᠵᠠᠷ ᠶᠠᠪᠤᠭᠰᠠᠨ ᠦᠭᠡᠢ ᠡᠮᠦᠨᠡᠬᠢ ᠴᠡᠷᠢᠭ ᠵᠣᠭᠰᠣᠪᠠ᠃ ᠤᠴᠢᠷ ᠢ᠋ ᠠᠰᠠᠭᠤᠪᠠᠰᠤ᠂ ᠡᠮᠦᠨ᠎ᠡ ᠳᠣᠪᠣ ᠶ᠋ᠢᠨ ᠳᠡᠭᠡᠷ᠎ᠡ ᠨᠢᠭᠡᠨ ᠠᠩᠭᠢ ᠴᠡᠷᠢᠭ ᠪᠣᠢ ᠬᠡᠮᠡᠮᠦᠢ᠃ ᠲᠠᠢᠶᠠᠩ ᠬᠠᠭᠠᠨ ᠴᠠᠭᠠᠵᠠ ᠵᠠᠷᠯᠠᠨ᠂《ᠰᠢᠭᠤᠳ ᠡᠷᠭᠢᠬᠦ ᠢᠨᠦ ᠴᠢᠬᠤᠯᠠ᠂ ᠪᠤᠰᠤ ᠵᠡᠪᠡ ᠳ᠋ᠦ᠍ᠷ ᠪᠢᠲᠡᠭᠡᠢ ᠣᠷᠣ ! 》 ᠬᠡᠮᠡᠲᠡᠯ᠎ᠡ ᠬᠣᠶᠠᠷ ᠡᠲᠡᠭᠡᠳ ᠦ᠋ᠨ ᠶᠡᠬᠡ ᠭᠣᠣᠯ ᠤ᠋ᠨ ᠠᠮᠠᠨ ᠠ᠋ᠴᠠ ᠴᠢᠯᠠᠭᠤ᠂ ᠲᠡᠮᠦᠷ ᠬᠣᠶᠠᠭᠤᠯᠠ ᠶ᠋ᠢᠨ ᠴᠡᠷᠢᠭ ᠭᠠᠷᠴᠤ ᠬᠠᠪᠴᠢᠨ ᠠᠯᠠᠬᠤᠢ ᠳ᠋ᠤᠷ ᠨᠠᠢ᠍ᠮᠠᠨ ᠤ᠋ ᠴᠡᠷᠢᠭ ᠬᠣᠶᠠᠷ ᠠᠩᠭᠢ ᠲᠠᠰᠤᠯᠤᠭᠳᠠᠵᠤ᠂ ᠲᠠᠢᠶᠠᠩ ᠬᠠᠭᠠᠨ ᠶᠠᠭᠠᠷᠠᠨ ᠴᠡᠷᠢᠭ ᠢ᠋ ᠪᠠᠷᠠᠭᠤᠨ ᠬᠣᠢᠲᠤ ᠵᠦᠭ ᠶᠡᠬᠡ ᠲᠡᠯᠡᠭ ᠢ᠋ ᠬᠥᠨᠳᠡᠯᠡᠨ ᠭᠡᠲᠦᠯᠵᠦ ᠬᠠᠩᠭᠠᠢ ᠠᠭᠤᠯᠠᠨ ᠤ᠋ ᠪᠠᠷᠠᠭᠤᠨ ᠶᠡᠬᠡ ᠭᠣᠣᠯ ᠳ᠋ᠤᠷ ᠣᠷᠣᠲᠠᠯ᠎ᠠ ᠲᠠᠢᠽᠦ ᠶ᠋ᠢᠨ ᠨᠡᠬᠡᠬᠦ ᠭᠤᠷᠪᠠᠨ ᠠᠩᠭᠢ ᠴᠡᠷᠢᠭ ᠭᠣᠣᠯ ᠤ᠋ᠨ ᠡᠬᠢ ᠪᠡᠷ ᠳᠠᠷᠤᠵᠤ᠂ ᠬᠣᠢᠲᠤ ᠵᠦᠭ ᠡᠴᠡ ᠳᠠᠷᠤᠨ ᠣᠷᠣᠵᠤ ᠨᠡᠬᠡᠭᠰᠡᠨ ᠳ᠋ᠦ᠍ᠷ ᠡᠮᠦᠨ᠎ᠡ ᠡᠴᠡ ᠪᠠᠰᠠ ᠠᠩᠬᠠᠨ ᠤ᠋ ᠤᠯᠠᠭᠠᠨ ᠰᠢᠬᠦᠷᠲᠦ ᠴᠡᠷᠢᠭ ᠪᠠᠰᠠ ᠬᠣᠯᠬᠣᠪᠴᠢ ᠨᠤᠮᠤ ᠪᠠᠷ ᠬᠠᠷᠪᠤᠨ ᠭᠠᠷᠴᠤ ᠢᠷᠡᠪᠡ᠃ ᠡᠨᠡ ᠦᠶ᠎ᠡ ᠳ᠋ᠦ᠍ᠷ ᠨᠠᠢ᠍ᠮᠠᠨ ᠤ᠋ ᠴᠡᠷᠢᠭ ᠬᠡᠳᠦᠢᠨᠡᠢ ᠰᠠᠮᠠᠭᠤᠷᠠᠵᠤ᠂ ᠵᠠᠮᠤᠬ᠎ᠠ ᠪᠠᠰᠠ ᠨᠢᠭᠡᠨ ᠠᠩᠭᠢ ᠴᠡᠷᠢᠭ ᠲᠡᠢ ᠬᠣᠢᠨ᠎ᠠ ᠠᠨᠤ ᠬᠣᠴᠣᠷᠴᠤ ᠠᠭᠤᠯᠠᠨ ᠤ᠋ ᠭᠣᠣᠯ ᠤᠷᠤᠭᠤ ᠳᠤᠲᠠᠭᠠᠨ ᠡᠴᠢᠪᠡ᠃ ᠲᠡᠳᠦᠢ ᠲᠠᠢᠶᠠᠩ ᠬᠠᠭᠠᠨ ᠬᠣᠶᠠᠷ ᠠᠩᠭᠢ ᠴᠡᠷᠢᠭ ᠲᠦ᠍ᠷ ᠬᠠᠪᠴᠢᠭ᠍ᠳᠠᠬᠤᠶ᠎ᠠ ᠬᠣᠢᠨ᠎ᠠ ᠠ᠋ᠴᠠ ᠴᠢᠯᠠᠭᠤ᠂ ᠲᠡᠮᠦᠷ ᠬᠣᠶᠠᠭᠤᠯᠠ ᠶ᠋ᠢᠨ ᠴᠡᠷᠢᠭ ᠪᠠᠰᠠ ᠠᠯᠠᠨ ᠢᠷᠡᠬᠦᠶ᠎ᠡ ᠶᠡᠬᠡᠯ᠎ᠡ ᠴᠢᠬᠤᠯᠳᠠᠨ᠂ ᠪᠠᠷᠠᠭᠤᠨ ᠬᠣᠢᠲᠤ ᠵᠦᠭ ᠳᠣᠪᠲᠣᠯᠬᠤᠢ ᠳ᠋ᠤᠷ ᠭᠡᠨᠡᠳᠲᠡ ᠪᠠᠰᠠ ᠦᠬᠡᠷ ᠫᠤᠤ ᠶ᠋ᠢᠨ ᠳᠠᠭᠤᠨ ᠲᠡᠭᠷᠢ ᠭᠠᠵᠠᠷ ᠳᠣᠯᠭᠢᠰᠴᠤ ᠮᠤᠬᠤᠯᠢ ᠶᠡᠬᠡ ᠴᠡᠷᠢᠭ ᠢ᠋ ᠠᠪᠴᠤ ᠳᠠᠷᠤᠨ ᠣᠷᠣᠵᠤ ᠢᠷᠩᠰᠡᠨ᠎ᠡ᠂ ᠨᠠᠢ᠍ᠮᠠᠨ ᠤ᠋ ᠴᠡᠷᠢᠭ ᠳᠥᠷᠪᠡᠨ ᠵᠦᠭ ᠨᠠᠢ᠍ᠮᠠᠨ ᠵᠣᠪᠬᠢᠰ ᠲᠤᠷ ᠴᠥᠮ ᠳᠠᠢᠰᠤᠨ ᠳ᠋ᠤᠷ ᠳᠠᠷᠤᠭᠳᠠᠵᠤ ᠡᠴᠢᠬᠦ ᠵᠦᠭ ᠦᠭᠡᠢ ᠪᠥᠬᠥᠶ᠎ᠡ᠂ ᠪᠧᠲ᠋ᠠ᠋ ᠤᠯᠤᠰ ᠤ᠋ᠨ ᠲᠠᠪᠤᠨ ᠠᠩᠭᠢ ᠴᠡᠷᠢᠭ ᠡᠬᠢ ᠰᠡᠭᠦᠯ ᠵᠠᠯᠭᠠᠯᠳᠤᠭᠠᠳ ᠲᠠᠢᠽᠦ ᠲᠡᠷᠢᠭᠦᠯᠡᠨ ᠬᠠᠭᠠᠵᠤ ᠪᠠᠢᠯᠳᠤᠭᠰᠠᠨ ᠳ᠋ᠤᠷ ᠨᠠᠢ᠍ᠮᠠᠨ ᠤ᠋ ᠴᠡᠷᠢᠭ ᠡᠨᠡ ᠦᠶ᠎ᠡ ᠳ᠋ᠦ᠍ᠷ ᠶᠡᠬᠡ ᠬᠠᠭᠠᠰ ᠬᠣᠬᠢᠷᠠᠵᠤ ᠪᠤᠲᠠᠷᠠᠯᠳᠤᠭᠰᠠᠨ ᠲᠤᠯᠠ ᠨᠢᠭᠡᠮᠦᠰᠦᠨ ᠰᠥᠰᠥ ᠬᠡᠮᠬᠡᠷᠡᠵᠦ᠂ ᠭᠠᠭᠴᠠ ᠳᠤᠲᠠᠭᠠᠨ ᠭᠠᠷᠬᠤ ᠶ᠋ᠢ ᠡᠷᠢᠬᠦ ᠪᠣᠢ ‍ᠶ᠎ᠠ᠂ ᠶᠠᠭᠤᠨ ᠤ᠋ ᠡᠰᠡᠷᠭᠦ ᠪᠠᠢᠯᠳᠤᠬᠤ ᠪᠣᠢ! 
       ᠲᠡᠳᠦᠢ ᠴᠡᠷᠢᠭ ᠨᠡᠢᠲᠡ ᠳᠤᠲᠠᠭᠠᠭᠰᠠᠨ ᠲᠤᠯᠠ ᠪᠧᠲ᠋ᠠ᠋ ᠤᠯᠤᠰ ᠤ᠋ᠨ ᠴᠡᠷᠢᠭ ᠴᠠᠩ ᠴᠣᠬᠢᠵᠤ ᠳᠥᠷᠪᠡᠨ ᠵᠦᠭ ᠡᠴᠡ ᠴᠠᠷᠴᠠᠬᠠᠢ ᠨᠢᠰᠬᠦ ᠮᠡᠲᠦ ᠰᠠᠮᠠᠭᠤᠨ ᠰᠤᠮᠤ ᠲᠠᠯᠪᠢᠭᠤᠯᠤᠭᠰᠠᠨ ᠳ᠋ᠤᠷ ᠨᠠᠢ᠍ᠮᠠᠨ ᠤ᠋ ᠴᠡᠷᠢᠭ ᠨᠢᠳᠦ ᠨᠡᠭᠡᠭᠡᠵᠦ ᠴᠢᠳᠠᠬᠤ ᠦᠭᠡᠢ ᠲᠠᠯᠲᠠᠷᠢᠨ ᠬᠠᠯᠬᠠᠯᠠᠯᠴᠠᠬᠤᠢ ᠳ᠋ᠤᠷ ᠬᠣᠢᠲᠤ ᠠ᠋ᠴᠠ ᠣᠷᠣᠵᠤ ᠢᠷᠡᠭᠡᠳ ᠤᠯᠠᠭᠠᠨ ᠬᠣᠰᠢᠭᠤ ᠶ᠋ᠢᠨ ᠳᠡᠭᠡᠷ᠎ᠡ ᠲᠠᠢᠽᠦ ᠲᠡᠷᠢᠭᠦᠯᠡᠨ ᠵᠣᠭᠰᠣᠵᠤ ᠬᠠᠪᠤᠲᠤ ᠬᠠᠰᠠᠷ᠂ ᠴᠤᠤ ᠮᠡᠷᠭᠡᠨ᠂ ᠪᠣᠱᠣᠭᠲᠤ ᠪᠣᠲ᠋ᠣ ᠭᠤᠷᠪᠠᠭᠤᠯᠠ ᠶ᠋ᠢᠨ ᠭᠤᠷᠪᠠᠨ ᠠᠩᠭᠢ ᠮᠡᠷᠭᠡᠨ ᠬᠠᠷᠪᠤᠭᠠᠴᠢ ᠶ᠋ᠢᠨ ᠴᠡᠷᠢᠭ ᠢ᠋ ᠠᠪᠴᠤ ᠲᠠᠢᠶᠠᠩ ᠬᠠᠭᠠᠨ ᠤ᠋ ᠰᠢᠷ᠎ᠠ ᠰᠢᠭᠦᠷ ᠳᠠᠯᠪᠠᠭ᠎ᠠ ᠶ᠋ᠢᠨ ᠵᠦᠭ ᠬᠠᠷᠪᠤᠬᠤᠢ ᠳ᠋ᠤᠷ ᠲᠠᠢᠶᠠᠩ ᠬᠠᠭᠠᠨ ᠤ᠋ ᠠᠬ᠎ᠠ ᠪᠤᠯᠤᠤ ᠸᠠᠩ ᠤ᠋ᠨ ᠮᠥᠷᠥ ᠳ᠋ᠦ᠍ᠷ ᠨᠢᠭᠡᠨ ᠰᠤᠮᠤ ᠲᠣᠰᠴᠤ ᠮᠣᠷᠢᠨ ᠠ᠋ᠴᠠ ᠥᠩᠬᠥᠷᠢᠨ ᠤᠨᠠᠭᠰᠠᠨ ᠢ᠋ ᠴᠢᠦᠢ ᠴᠦ᠍ ᠯᠢᠦᠢ ᠶᠠᠭᠠᠷᠠᠨ ᠲᠡᠳᠬᠦᠵᠦ ᠮᠣᠷᠢᠨ ᠳ᠋ᠤᠷ ᠤᠨᠤᠭᠤᠯᠤᠭᠠᠳ ᠶᠠᠭᠠᠷᠠᠨ ᠥᠭᠦᠯᠡᠷᠦᠨ : 《ᠡᠨᠡ ᠣᠯᠠᠨ ᠴᠡᠷᠢᠭ ᠯᠦ᠍ᠭᠡ ᠵᠢᠭᠤᠷᠠᠯᠳᠤᠪᠠᠰᠤ ᠬᠠᠷᠠᠭᠰᠠᠭᠠᠷ ᠲᠡᠳᠡᠨ ᠦ᠌ ᠵᠡᠪᠡ ᠳ᠋ᠦ᠍ᠷ ᠦᠬᠦᠮᠦᠢ ! 》ᠭᠡᠮᠡᠨ ᠬᠡᠳᠦᠨ ᠵᠠᠭᠤᠨ ᠬᠥᠮᠦᠨ ᠢ᠋ ᠠᠪᠴᠤ ᠲᠠᠢᠶᠠᠩ ᠬᠠᠭᠠᠨ ᠯᠤᠭ᠎ᠠ ᠬᠦᠨᠳᠦ ᠬᠠᠭᠠᠭᠰᠠᠨ ᠭᠠᠵᠠᠷ ᠢ᠋ ᠰᠢᠪᠲᠤᠯᠤᠨ ᠭᠠᠷᠲᠠᠯ᠎ᠠ ᠳᠠᠢᠶᠠᠩ ᠬᠠᠭᠠᠨ ᠤ᠋ ᠭᠠᠷ ᠤ᠋ᠨ ᠱᠣ ᠳ᠋ᠤᠷ ᠪᠠᠰᠠ ᠨᠢᠭᠡᠨ ᠰᠤᠮᠤ ᠲᠤᠰᠪᠠ᠃ ᠲᠡᠷᠡ ᠶᠡᠬᠡᠯ᠎ᠡ ᠪᠠᠴᠢᠮᠳᠠᠨ ᠮᠣᠷᠢᠨ ᠢ᠋ ᠲᠠᠰᠢᠭᠤᠷᠳᠠᠨ ᠵᠡᠭᠦᠨ ᠬᠣᠢᠲᠤ ᠵᠦᠭ ᠳᠣᠪᠲᠣᠯᠤᠨ ᠡᠴᠢᠬᠦᠶ᠎ᠡ᠂ ᠵᠡᠭᠦᠨ ᠶᠡᠬᠡ ᠬᠠᠪᠠᠷ ᠤ᠋ᠨ ᠳᠡᠭᠡᠷ᠎ᠡ ᠪᠦᠲᠦᠨ᠎ᠡ ᠶ᠋ᠢᠨ ᠢᠯᠠᠭᠤᠭᠰᠠᠨ ᠤ᠋ ᠨᠢᠭᠡᠨ ᠠᠩᠭᠢ ᠴᠡᠷᠢᠭ ᠲᠦ᠍ᠷ ᠬᠡᠳᠦᠢᠨᠡᠢ ᠪᠧᠲ᠋ᠠ᠋ ᠤᠯᠤᠰ ᠤ᠋ᠨ ᠲᠤᠭ ᠬᠢᠭᠢᠷᠢ ᠪᠣᠰᠬᠠᠵᠤ᠂ ᠨᠠᠢ᠍ᠮᠠᠨ ᠤ᠋ ᠶᠡᠬᠡ ᠬᠠᠭᠠᠰ ᠴᠡᠷᠢᠭ ᠢ᠋ ᠴᠥᠮ ᠮᠡᠬᠡᠯᠡᠨ ᠳᠠᠭᠠᠭᠤᠯᠵᠤᠬᠤᠢ᠃ ᠲᠠᠢᠶᠠᠩ ᠬᠠᠭᠠᠨ ᠮᠣᠷᠢᠨ ᠤ᠋ ᠳᠡᠭᠡᠷ᠎ᠡ ᠬᠥᠯ ᠳᠡᠪᠰᠡᠨ《ᠪᠧᠲ᠋ᠠ᠋ ᠤᠯᠤᠰ ᠤ᠋ᠨ ᠢᠯᠠᠭᠤᠭᠰᠠᠨ᠎ᠠ ᠮᠡᠬᠡᠯᠡᠭᠳᠡᠪᠡ ! 》ᠭᠡᠮᠡᠨ ᠪᠠᠰᠠ ᠮᠣᠷᠢ ᠶ᠋ᠢ ᠡᠭᠡᠭᠦᠯᠵᠦ ᠡᠮᠦᠨ᠎ᠡ ᠵᠦᠭ ᠡᠴᠢᠪᠡᠰᠦ᠂ ᠴᠢᠯᠠᠭᠤ᠂ ᠲᠡᠮᠦᠷ ᠦ᠋ᠨ ᠴᠡᠷᠢᠭ ᠲᠦ᠍ᠷ ᠤᠴᠠᠷᠠᠵᠤ᠂ ᠨᠢᠭᠡᠨ ᠵᠡᠷᠭᠡ ᠠᠯᠠᠭᠳᠠᠵᠤ ᠶᠡᠬᠡ ᠠᠭᠤᠯᠠ ᠶ᠋ᠢᠨ ᠡᠮᠦᠨᠡᠭᠦᠷ ᠪᠠᠷᠠᠭᠤᠨ ᠵᠦᠭ ᠳᠤᠲᠠᠭᠠᠨ ᠮᠤᠬᠤᠯᠢ ᠶ᠋ᠢᠨ ᠴᠡᠷᠢᠭ ᠲᠦ᠍ᠷ ᠬᠣᠷᠢᠭ᠍ᠳᠠᠵᠤ᠂ ᠪᠠᠰᠠ ᠪᠠᠷᠠᠭᠤᠨ ᠬᠣᠢᠲᠤ ᠵᠦᠭ ᠳᠤᠲᠠᠭᠠᠨ ᠡᠴᠢᠬᠦᠶ᠎ᠡ ᠨᠠᠢ᠍ᠮᠠᠨ ᠤ᠋ ᠶᠡᠬᠡ ᠴᠡᠷᠢᠭ ᠦ᠋ᠨ ᠳᠣᠲᠣᠷᠠᠬᠢ ᠲᠤᠭ ᠳᠠᠯᠪᠠᠭ᠎ᠠ᠂ ᠰᠢᠬᠦᠷ ᠲᠡᠮᠳᠡᠭ ᠴᠥᠮ ᠤᠨᠠᠭᠰᠠᠨ ᠳ᠋ᠤᠷ ᠶᠡᠬᠡ ᠴᠡᠷᠢᠭ ᠨᠢᠭᠡᠨᠲᠡ ᠨᠢᠳᠦ ᠦᠭᠡᠢ ᠰᠠᠮᠠᠭᠤᠷᠠᠪᠠ᠃ ᠡᠨᠡ ᠲᠠᠰᠢᠷᠠᠮ ᠳ᠋ᠤᠷ ᠮᠤᠬᠤᠯᠢ ᠥᠪᠡᠷ ᠦ᠋ᠨ ᠴᠡᠷᠢᠭ ᠲᠦ᠍ᠷ ᠵᠠᠷᠯᠠᠵᠤ : 《ᠲᠠᠢᠶᠠᠩ ᠬᠠᠭᠠᠨ ᠪᠠᠷᠢᠭ᠍ᠳᠠᠪᠠ 》 ᠭᠡᠮᠡᠨ ᠬᠠᠭᠤᠷᠮᠠᠭ ᠢ᠋ᠶ᠋ᠠᠷ ᠪᠠᠷᠬᠢᠷᠠᠭᠰᠠᠨ ᠳ᠋ᠤᠷ ᠨᠠᠢ᠍ᠮᠠᠨ ᠤ᠋ ᠬᠠᠭᠠᠭᠳᠠᠭᠰᠠᠨ ᠣᠯᠠᠨ ᠴᠡᠷᠢᠭ ᠳᠠᠭᠠᠰᠤᠭᠠᠢ ᠭᠡᠮᠡᠨ ᠪᠠᠷᠬᠢᠷᠠᠯᠴᠠᠨ ᠳᠠᠭᠤᠳᠠᠯᠴᠠᠬᠤᠢ ᠳ᠋ᠤᠷ ᠲᠠᠢᠶᠠᠩ ᠬᠠᠭᠠᠨ ᠬᠡᠳᠦᠢᠨᠡᠢ ᠰᠣᠨᠣᠰᠴᠤ ᠬᠥᠯ ᠳᠡᠪᠰᠡᠨ《ᠡᠨᠡ ᠮᠤᠬᠤᠯᠢ ᠶ᠋ᠢᠨ ᠵᠢᠰᠤᠷ ᠠᠷᠭ᠎ᠠ ᠶᠠᠭᠤᠲᠠᠢ ᠬᠡᠴᠡᠭᠦᠦ ! 》 ᠭᠡᠮᠡᠨ ᠴᠡᠷᠢᠭ ᠦ᠋ᠨ ᠳᠣᠲᠣᠷ᠎ᠠ ᠨᠢᠭᠡᠨᠲᠡ ᠣᠷᠣᠵᠤ ᠪᠣᠯᠬᠤ ᠦᠭᠡᠢ ᠪᠣᠯᠤᠭᠰᠠᠨ ᠲᠤᠯᠠ ᠬᠡᠳᠦᠨ ᠵᠠᠭᠤᠨ ᠮᠣᠷᠢᠲᠠᠨ ᠢ᠋ ᠠᠪᠴᠤ ᠶᠠᠪᠤᠬᠤᠶ᠎ᠠ᠂ ᠨᠢᠭᠡᠨ ᠳ᠋ᠦ᠍ᠷ ᠪᠠᠢᠯᠳᠤᠵᠤ ᠬᠥᠮᠦᠨ ᠮᠣᠷᠢ ᠨᠢᠭᠡᠨᠲᠡ ᠴᠤᠴᠠᠭᠰᠠᠨ ᠲᠤᠯᠠ ᠬᠠᠷᠠᠬᠠᠨ ᠠᠭᠤᠯᠠ ᠥᠭᠡᠳᠡ ᠮᠡᠩᠳᠡᠭᠦᠷᠡᠨ ᠶᠠᠪᠤᠬᠤᠢ ᠳ᠋ᠤᠷ ᠬᠣᠢᠨ᠎ᠠ ᠠ᠋ᠴᠠ ᠪᠠᠰᠠ ᠮᠤᠬᠤᠯᠢ ᠶ᠋ᠢᠨ ᠴᠡᠷᠢᠭ ᠨᠡᠬᠡᠨ ᠢᠷᠡᠬᠦᠶ᠎᠂ ᠶᠠᠭᠠᠷᠠᠨ ᠬᠠᠩᠭᠠᠢ ᠠᠭᠤᠯᠠᠨ ᠤ᠋ ᠪᠠᠷᠠᠭᠤᠨ ᠤᠷᠤᠭᠤ ᠳ᠋ᠤᠷ ᠬᠦᠷᠲᠡᠯ᠎ᠡ ᠳᠥᠷᠪᠡᠨ ᠵᠦᠭ ᠲᠦ᠍ᠷ ᠶᠡᠬᠡ ᠦᠬᠡᠷ ᠫᠤᠤ ᠳᠠᠷᠠᠭ᠎ᠠ ᠳᠠᠷᠠᠭ᠎ᠠ ᠪᠠᠷ ᠳᠠᠭᠤᠷᠢᠰᠴᠤ ᠪᠤᠭᠤᠷᠵᠢ᠂ ᠪᠤᠭᠤᠷᠤᠯ ᠨᠠᠷ ᠤ᠋ᠨ ᠨᠠᠢ᠍ᠮᠠᠨ ᠵᠠᠩᠵᠤᠨ ᠤ᠋ ᠮᠢᠩᠭᠠᠨ ᠴᠡᠷᠢᠭ ᠭᠠᠷᠴᠤ ᠲᠥᠭᠥᠷᠢᠭᠯᠡᠨ ᠬᠠᠭᠠᠪᠠ᠃ ᠲᠠᠢᠶᠠᠩ ᠬᠠᠭᠠᠨ ᠦᠵᠡᠪᠡᠰᠦ ᠤᠯᠠᠭᠠᠨ ᠨᠠᠷᠠᠨ ᠪᠠᠷᠠᠭᠤᠨ ᠠᠭᠤᠯᠠᠨ ᠤ᠋ ᠣᠷᠣᠢ ᠳ᠋ᠤᠷ ᠣᠷᠣᠬᠤᠶ᠎ᠠ ᠨᠢᠭᠡᠨ ᠬᠡᠰᠡᠭ ᠬᠠᠷ᠎ᠠ ᠠᠭᠤᠷ ᠨᠠᠷᠠᠨ ᠢ᠋ ᠬᠦᠷᠢᠶᠡᠯᠡᠭᠰᠡᠨ ᠳ᠋ᠦ᠍ᠷ ᠲᠠᠢᠶᠠᠩ ᠬᠠᠭᠠᠨ ᠭᠡᠨᠡᠳᠲᠡ ᠰᠡᠵᠢᠭᠯᠡᠵᠦ : 《ᠡᠨᠡ ᠳᠠᠪᠠᠭᠠᠨ ᠤ᠋ ᠨᠡᠷ᠎ᠡ ᠶᠠᠭᠤᠨ ? 》ᠭᠡᠮᠡᠨ ᠠᠰᠠᠭᠤᠭᠰᠠᠨ ᠳ᠋ᠤᠷ ᠴᠡᠷᠢᠭ ᠦ᠋ᠨ ᠠᠷᠠᠳ ᠮᠡᠳᠡᠭᠦᠯᠦᠷᠦᠨ《ᠡᠨᠡ ᠳᠠᠪᠠᠭᠠᠨ ᠢ᠋ ᠬᠠᠩᠭᠠᠢ ᠠᠭᠤᠯᠠᠨ ᠤ᠋ ᠨᠠᠷᠠᠨ ᠰᠢᠩᠭᠡᠬᠦ ᠳᠠᠪᠠᠭ᠎ᠠ ᠬᠡᠮᠡᠮᠦᠢ᠃ 》 ᠬᠡᠮᠡᠭᠰᠡᠨ ᠳ᠋ᠦ᠍ᠷ ᠲᠠᠢᠶᠠᠩ ᠬᠠᠭᠠᠨ ᠲᠡᠭᠷᠢ ᠶ᠋ᠢ ᠬᠠᠨᠳᠤᠵᠤ ᠤᠷᠲᠤ ᠰᠡᠭᠦᠷᠡᠰᠦ ᠠᠯᠳᠠᠵᠤ ᠥᠭᠦᠯᠡᠷᠦᠨ : 《ᠡᠨᠡ ᠳᠠᠷᠤᠢ ᠮᠢᠨᠦ ᠦᠬᠦᠬᠦ ᠭᠠᠵᠠᠷ ᠠᠵᠤᠭᠤ ! ᠲᠡᠢᠨ ᠪᠣᠯᠪᠠᠴᠤ ᠦᠬᠦᠨ ᠦᠬᠦᠲᠡᠯ᠎ᠡ ᠪᠠᠢᠯᠳᠤᠬᠤ ᠶ᠋ᠢ ᠪᠠᠢᠵᠤ ᠦᠯᠦ ᠪᠣᠯᠤᠮᠤᠢ ! 》 ᠭᠡᠮᠡᠨ ᠲᠠᠪᠤᠨ ᠵᠠᠭᠤᠨ ᠴᠡᠷᠢᠭ ᠢ᠋ ᠨᠠᠢ᠍ᠮᠠᠨ ᠠᠩᠭᠢ ᠰᠠᠯᠭᠠᠵᠤ᠂ ᠪᠠᠰᠠ ᠪᠧᠲ᠋ᠠ᠋ ᠤᠯᠤᠰ ᠤ᠋ᠨ ᠴᠡᠷᠢᠭ ᠦ᠋ᠨ ᠵᠦᠭ ᠪᠠᠢᠯᠳᠤᠬᠤᠶ᠎ᠠ᠂ ᠲᠡᠷᠢᠭᠦᠯᠡᠭᠰᠡᠨ ᠴᠡᠷᠢᠭ ᠶᠡᠬᠡᠯ᠎ᠡ ᠬᠣᠬᠢᠷᠠᠵᠤ᠂ ᠴᠢᠦᠢ ᠴᠦ᠍ ᠯᠢᠦᠢ ᠶᠡᠬᠡᠯ᠎ᠡ ᠴᠢᠬᠤᠯᠳᠠᠨ ᠥᠭᠦᠯᠡᠷᠦᠨ : 《ᠨᠢᠭᠡᠨᠲᠡ ᠶᠡᠬᠡ ᠴᠡᠷᠢᠭ ᠡᠴᠡ ᠰᠠᠯᠤᠭᠠᠳ ᠡᠳᠦᠭᠡ ᠪᠠᠰᠠ ᠶᠠᠭᠤᠨ ᠢ᠋ ᠪᠠᠢᠯᠳᠤᠬᠤ ᠪᠣᠢ ! 》 ᠭᠡᠮᠡᠨ ᠬᠡᠳᠦ ᠬᠡᠳᠦᠨᠲᠡ ᠬᠡᠯᠡᠬᠦᠶ᠎ᠡ ᠲᠠᠢᠶᠠᠩ ᠬᠠᠭᠠᠨ ᠥᠭᠦᠯᠡᠷᠦᠨ : 《ᠡᠷ᠎ᠡ ᠬᠥᠮᠦᠨ ᠳᠤᠲᠠᠭᠠᠵᠤ ᠦᠬᠦᠬᠦ ᠡᠴᠡ ᠲᠤᠯᠵᠤ ᠦᠬᠦᠮᠦᠢ ! 》 ᠬᠡᠮᠡᠭᠰᠡᠨ ᠳ᠋ᠦ᠍ᠷ ᠴᠢᠦᠢ ᠴᠦ᠍ ᠯᠢᠦᠢ ᠬᠡᠷᠡᠭ ᠴᠢᠬᠤᠯᠠ ᠪᠣᠯᠤᠭᠰᠠᠨ ᠢ᠋ ᠮᠡᠳᠡᠭᠡᠳ ᠡᠢᠨ ᠬᠦ᠌ ᠲᠤᠯᠵᠤ ᠪᠠᠢᠯᠳᠤᠪᠠᠰᠤ ᠡᠴᠦᠰ ᠲᠦ᠍ᠷ ᠴᠥᠮ ᠠᠯᠠᠭᠳᠠᠮᠤᠢ ᠭᠡᠮᠡᠨ ᠳᠠᠢᠶᠠᠩ ᠬᠠᠭᠠᠨ ᠢ᠋ ᠨᠢᠭᠡᠨ ᠢᠯᠳᠦ ᠪᠡᠷ ᠴᠠᠪᠴᠢᠨ ᠤᠨᠠᠭᠠᠵᠤ᠂ ᠴᠡᠷᠢᠭ ᠢ᠋ ᠠᠪᠴᠤ ᠪᠠᠷᠬᠢᠷᠠᠨ ᠥᠭᠦᠯᠡᠷᠦᠨ : 《ᠲᠠᠢᠶᠠᠩ ᠬᠠᠭᠠᠨ ᠨᠢᠭᠡᠨᠲᠡ ᠵᠡᠪᠡ ᠳ᠋ᠦ᠍ᠷ ᠣᠨᠣᠭᠳᠠᠵᠤ ᠦᠬᠦᠪᠡ᠃ ᠬᠡᠭᠦᠷ ᠢ᠋ ᠠᠪᠲᠤᠭᠠᠢ ! ᠪᠢᠳᠡ ᠳᠠᠭᠠᠰᠤᠭᠠᠢ ! 》 ᠬᠡᠮᠡᠭᠰᠡᠨ᠎ᠡ᠂ ᠳᠥᠷᠪᠡᠨ ᠵᠦᠭ ᠦ᠋ᠨ ᠪᠠᠢᠯᠳᠤᠬᠤ ᠠᠨᠤ ᠨᠠᠮ ᠪᠣᠯᠵᠤ᠂ ᠨᠠᠢ᠍ᠮᠠᠨ ᠤ᠋ ᠦᠯᠡᠭᠰᠡᠨ ᠳᠥᠷᠪᠡᠨ ᠵᠠᠭᠤᠨ ᠢᠯᠡᠭᠦᠦ ᠬᠥᠮᠦᠨ ᠠᠭᠤᠯᠠᠨ ᠤ᠋ ᠬᠥᠮᠥᠰᠬᠡ ᠳ᠋ᠦ᠍ᠷ ᠵᠣᠭᠰᠣᠵᠤ᠂ ᠳᠠᠢᠶᠠᠩ ᠬᠠᠭᠠᠨ ᠤ᠋ ᠦᠬᠦᠳᠡᠯ ᠢ᠋ ᠦᠵᠡᠬᠦᠶ᠎ᠡ᠂ ᠰᠢᠷᠬ᠎ᠠ ᠠᠨᠤ ᠠᠷᠤ ᠶ᠋ᠢᠨ ᠬᠣᠢᠨ᠎ᠠ ᠠ᠋ᠴᠠ ᠴᠠᠪᠴᠢᠭ᠍ᠰᠠᠨ ᠰᠢᠷᠬ᠎ᠠ ᠲᠤᠯᠠ ᠲᠡᠭᠦᠨ ᠦ᠌ ᠥᠪᠡᠷ ᠦ᠋ᠨ ᠴᠡᠷᠢᠭ ᠡᠴᠡ ᠭᠡᠮ ᠪᠣᠯᠤᠭᠰᠠᠨ ᠢ᠋ ᠮᠡᠳᠡᠵᠦ ᠲᠠᠢᠽᠦ ᠳ᠋ᠦ᠍ᠷ ᠮᠡᠳᠡᠭᠦᠯᠦᠨ ᠠᠲᠠᠯ᠎ᠠ ᠮᠤᠬᠤᠯᠢ ᠶ᠋ᠢᠨ ᠴᠡᠷᠢᠭ ᠪᠠᠰᠠ ᠬᠦᠷᠴᠦ ᠢᠷᠡᠭᠡᠳ ᠪᠤᠯᠤᠤ ᠸᠠᠩ᠂ ᠴᠢᠦᠢ ᠴᠦ᠍ ᠯᠢᠦᠢ ᠨᠠᠷ ᠤ᠋ᠨ ᠨᠢᠭᠡᠨ ᠠᠩᠭᠢ ᠴᠡᠷᠢᠭ ᠢ᠋ ᠶᠡᠬᠡ ᠴᠡᠷᠢᠭ ᠢ᠋ᠶ᠋ᠡᠷ ᠬᠠᠭᠠᠵᠤ᠂ ᠬᠤᠶᠠᠭ ᠢ᠋ ᠲᠠᠢᠯᠤᠭᠤᠯᠤᠨ ᠵᠡᠪᠰᠡᠭ ᠢ᠋ ᠬᠤᠷᠢᠶᠠᠭᠰᠠᠨ ᠤ᠋ ᠬᠣᠢᠨ᠎ᠠ ᠰᠠᠶᠢ ᠪᠠᠭᠤᠳᠠᠯᠯᠠᠪᠠ᠃ ᠲᠡᠢᠨ ᠬᠦ᠌ ᠨᠠᠢ᠍ᠮᠠᠨ ᠤ᠋ ᠴᠡᠷᠢᠭ ᠠᠷᠪᠠᠨ ᠬᠥᠮᠦᠨ ᠢ᠋ ᠥᠪᠡᠷ ᠦ᠋ᠨ ᠬᠣᠷᠢᠨ ᠬᠥᠮᠦᠨ ᠢ᠋ᠶ᠋ᠡᠷ ᠳᠠᠷᠤᠭᠤᠯᠵᠤ ᠲᠠᠢᠽᠦ ᠶ᠋ᠢᠨ ᠴᠡᠷᠢᠭ ᠲᠦ᠍ᠷ ᠬᠠᠮᠲᠤ ᠶ᠋ᠢ ᠳᠠᠭᠠᠭᠤᠯᠤᠭᠰᠠᠨ ᠢ᠋ ᠨᠠᠢ᠍ᠮᠠᠨ ᠤ᠋ ᠦᠯᠡᠭᠰᠡᠨ ᠴᠡᠷᠢᠭ ᠲᠦ᠍ᠷ ᠵᠠᠷᠯᠠᠷ᠎ᠠ ᠢᠯᠡᠭᠡᠪᠡ ᠃ 
       ᠡᠨᠡ ᠦᠶ᠎ᠡ ᠳ᠋ᠦ᠍ᠷ ᠪᠦᠷᠦᠢ ᠲᠠᠰᠤᠷᠠᠭᠰᠠᠨ ᠲᠤᠯᠠ ᠨᠠᠢ᠍ᠮᠠᠨ ᠤ᠋ ᠴᠡᠷᠢᠭ ᠪᠢᠯᠬᠠᠨ ᠭᠠᠷᠴᠤ ᠬᠠᠩᠭᠠᠢ ᠠᠭᠤᠯᠠᠨ ᠤ᠋ ᠬᠠᠭᠠᠯᠭᠠᠲᠤ ᠬᠠᠳᠠ ᠶ᠋ᠢᠨ ᠬᠠᠪᠴᠢᠯ ᠵᠠᠮ ᠢ᠋ᠶ᠋ᠠᠷ ᠳᠤᠲᠠᠭᠠᠰᠤᠭᠠᠢ ᠭᠡᠮᠡᠨ ᠭᠠᠷᠤᠭᠰᠠᠨ ᠢ᠋ ᠴᠢᠨᠠᠳᠤ ᠠ᠋ᠴᠠ ᠴᠢᠯᠠᠭᠤ᠂ ᠲᠡᠮᠦᠷ ᠦ᠋ᠨ ᠦᠯᠡᠳᠡᠭᠰᠡᠨ ᠴᠡᠷᠢᠭ ᠬᠠᠳᠠᠨ ᠬᠠᠷᠪᠤᠭᠰᠠᠨ ᠳ᠋ᠤᠷ ᠥᠪᠡᠷ ᠵᠠᠭᠤᠷ᠎ᠠ ᠪᠠᠨ ᠭᠢᠰᠬᠢᠯᠳᠦᠨ ᠦᠬᠦᠭᠰᠡᠨ ᠢᠨᠦ ᠲᠣᠭ᠎ᠠ ᠦᠭᠡᠢ᠃ ᠲᠠᠢᠽᠦ ᠨᠠᠢ᠍ᠮᠠᠨ ᠤ᠋ ᠶᠡᠬᠡ ᠴᠡᠷᠢᠭ ᠢ᠋ ᠡᠯᠰᠡᠨ ᠳᠠᠭᠠᠭᠤᠯᠵᠤ᠂ ᠮᠥᠨ ᠰᠥᠨᠢ ᠲᠠᠢᠽᠦ ᠲᠡᠷᠢᠭᠦᠯᠡᠨ ᠪᠦᠭᠦᠳᠡᠭᠡᠷ ᠬᠠᠭᠤᠷᠠᠢ ᠢᠳᠡᠰᠢ ᠪᠤᠯᠠᠭ ᠤ᠋ᠨ ᠤᠰᠤᠨ ᠢ᠋ᠶ᠋ᠠᠷ ᠦᠳᠡᠰᠢᠯᠡᠵᠦ ᠬᠠᠩᠭᠠᠢ ᠠᠭᠤᠯᠠᠨ ᠤ᠋ ᠳᠣᠲᠣᠷ᠎ᠠ ᠵᠣᠭᠰᠣᠭ᠎ᠠ ᠪᠠᠷ ᠬᠣᠨᠣᠪᠠ᠃ ᠡᠨᠡ ᠰᠥᠨᠢ ᠪᠤᠯᠤᠤ ᠸᠠᠩ᠂ ᠬᠥᠪᠡᠭᠦᠨ ᠴᠢᠦᠢ ᠴᠦ᠍ ᠯᠢᠦᠢ ᠬᠣᠶᠠᠭᠤᠯᠠ ᠵᠠᠢᠳᠠᠩ ᠮᠣᠷᠢ ᠤᠨᠤᠵᠤ ᠤᠷᠭᠤᠨ ᠭᠠᠷᠪᠠ᠃ ᠵᠢᠴᠢ ᠥᠷᠯᠥᠭᠡ ᠬᠠᠷᠠᠩᠭ᠎ᠠ ᠴᠣᠬᠢᠵᠤ ᠶᠡᠬᠡ ᠴᠡᠷᠢᠭ ᠢ᠋ ᠬᠤᠷᠢᠶᠠᠵᠤ ᠨᠠᠢ᠍ᠮᠠᠨ ᠤ᠋ ᠳᠠᠭᠠᠭᠰᠠᠨ ᠴᠡᠷᠢᠭ ᠢ᠋ ᠪᠠᠢᠴᠠᠭᠠᠨ ᠦᠵᠡᠪᠡᠰᠦ ᠠᠷᠪᠠᠨ ᠬᠣᠶᠠᠷ ᠲᠦᠮᠡᠨ ᠶᠢᠰᠦᠨ ᠮᠢᠩᠭᠠᠨ ᠢᠯᠡᠭᠦᠦ᠂ ᠲᠡᠢᠨ ᠳ᠋ᠦ᠍ᠷ ᠦᠬᠦᠭᠰᠡᠨ ᠢᠨᠦ ᠬᠣᠶᠠᠷ ᠲᠦᠮᠡᠨ ᠪᠣᠢ᠂ ᠰᠠᠷᠨᠢᠨ ᠤᠷᠭᠤᠭᠰᠠᠨ ᠠᠨᠤ ᠳᠥᠷᠪᠡᠨ ᠲᠦᠮᠡᠨ ᠢᠯᠡᠭᠦᠦ ᠂ ᠡᠭᠦᠨ ᠢ᠋ ᠶᠢᠰᠦᠨ ᠠᠩᠭᠢ ᠰᠠᠯᠭᠠᠨ ᠵᠠᠬᠢᠷᠤᠭᠤᠯᠵᠤ᠂ ᠲᠠᠢᠽᠦ ᠪᠡᠶ᠎ᠡ ᠪᠡᠷ ᠲᠠᠢᠶᠠᠩ ᠬᠠᠭᠠᠨ ᠤ᠋ ᠦᠬᠦᠭᠰᠡᠨ ᠨᠠᠷᠠᠨ ᠰᠢᠩᠭᠡᠬᠦ ᠶ᠋ᠢᠨ ᠳᠠᠪᠠᠭᠠᠨ ᠳ᠋ᠤᠷ ᠶᠠᠭᠠᠷᠠᠨ ᠢᠷᠡᠵᠦ ᠮᠤᠬᠤᠯᠢ ᠶ᠋ᠢᠨ ᠪᠠᠭᠤᠳᠠᠯ ᠳ᠋ᠤᠷ ᠪᠠᠭᠤᠲᠠᠯ᠎ᠠ ᠬᠤᠷᠴᠠ ᠪᠠᠢᠷᠢ ᠨᠠᠷ ᠤ᠋ᠨ ᠳᠥᠷᠪᠡᠨ ᠵᠠᠩᠵᠤᠨ ᠢᠷᠡᠵᠦ ᠨᠠᠢ᠍ᠮᠠᠨ ᠤ᠋ ᠶᠡᠬᠡ ᠬᠦᠷᠢᠶ᠎ᠡ ᠶ᠋ᠢ ᠨᠢᠭᠡᠨᠲᠡ ᠪᠦᠷᠢᠨ ᠢ᠋ᠶ᠋ᠡᠷ ᠡᠵᠡᠯᠡᠭᠰᠡᠨ ᠢ᠋ ᠮᠡᠳᠡᠭᠦᠯᠦᠭᠰᠡᠨ ᠳ᠋ᠦ᠍ᠷ ᠲᠠᠢᠽᠦ᠂ ᠮᠤᠬᠤᠯᠢ ᠲᠠᠨ ᠶᠡᠬᠡᠯ᠎ᠡ ᠰᠠᠢᠰᠢᠶᠠᠨ ᠬᠣᠶᠠᠷ ᠬᠦᠷᠢᠶ᠎ᠡ ᠶ᠋ᠢ ᠨᠡᠢᠯᠡᠭᠦᠯ ᠭᠡᠮᠡᠨ ᠶᠠᠪᠤᠭᠤᠯᠵᠤ᠂ ᠲᠠᠢᠽᠦ ᠪᠠᠰᠠ ᠲᠠᠢᠶᠠᠩ ᠬᠠᠭᠠᠨ ᠥᠪᠡᠷ ᠦ᠋ᠨ ᠴᠡᠷᠢᠭ ᠲᠡᠭᠡᠨ ᠡᠨᠳᠡᠭᠰᠡᠨ ᠢ᠋ ᠰᠣᠨᠣᠰᠴᠤ ᠲᠠᠢᠶᠠᠩ ᠬᠠᠭᠠᠨ ᠯᠤᠭ᠎ᠠ ᠬᠠᠮᠲᠤ ᠶᠠᠪᠤᠭᠰᠠᠨ ᠳᠥᠷᠪᠡᠨ ᠵᠠᠭᠤᠨ ᠢᠯᠡᠭᠦᠦ ᠴᠡᠷᠢᠭ ᠢ᠋ ᠴᠥᠮ ᠪᠠᠷᠢᠭᠤᠯᠵᠤ ᠶᠡᠬᠡᠯ᠎ᠡ ᠠᠭᠤᠷᠰᠠᠨ ᠥᠭᠦᠯᠡᠷᠦᠨ : 《ᠲᠠᠨ ᠤ᠋ ᠡᠵᠡᠨ ᠢ᠋ ᠬᠡᠨ ᠠᠯᠠᠪᠠ ? 》 ᠣᠯᠠᠨ ᠴᠡᠷᠢᠭ ᠬᠠᠮᠲᠤ ᠪᠠᠷ ᠤᠬᠢᠯᠠᠨ ᠮᠡᠳᠡᠭᠦᠯᠦᠷᠦᠨ : 《ᠮᠠᠨ ᠤ᠋ ᠡᠵᠡᠨ ᠦ᠌ ᠠᠬ᠎ᠠ ᠪᠤᠯᠤᠤ ᠸᠠᠩ ᠤ᠋ᠨ ᠬᠥᠪᠡᠭᠦᠨ ᠴᠢᠦᠢ ᠴᠦ᠍ ᠯᠢᠦᠢ ᠶᠡᠬᠡ ᠴᠡᠷᠢᠭ ᠡᠴᠡ ᠠᠪᠤᠨ ᠡᠨᠳᠡ ᠬᠠᠭᠠᠭᠳᠠᠭᠰᠠᠨ᠎ᠠ ᠮᠠᠨ ᠤ᠋ ᠡᠵᠡᠨ ᠪᠠᠢᠯᠳᠤᠵᠤ ᠦᠬᠦᠮᠦᠢ ᠬᠡᠮᠡᠬᠦᠢ ᠳ᠋ᠦ᠍ᠷ ᠴᠢᠦᠢ ᠴᠦ᠍ ᠯᠢᠦᠢ ᠠᠮᠢᠨ ᠭᠠᠷᠬᠤ ᠶ᠋ᠢ ᠪᠣᠳᠣᠵᠤ ᠡᠵᠡᠨ ᠦ᠌ ᠬᠣᠢᠨ᠎ᠠ ᠠ᠋ᠴᠠ ᠴᠠᠪᠴᠢᠨ ᠤᠨᠠᠭᠠᠵᠤ᠂ ᠪᠧᠲ᠋ᠠ᠋ ᠤᠯᠤᠰ ᠤ᠋ᠨ ᠴᠡᠷᠢᠭ ᠦ᠋ᠨ ᠰᠤᠮᠤ ᠳ᠋ᠤᠷ ᠣᠨᠣᠭᠳᠠᠨ ᠦᠬᠦᠪᠡ ᠭᠡᠮᠡᠨ ᠠᠯᠳᠠᠷᠰᠢᠭᠤᠯᠵᠤ᠂ ᠳᠥᠷᠪᠡᠨ ᠵᠦᠭ ᠦ᠋ᠨ ᠴᠡᠷᠢᠭ ᠦ᠋ᠨ ᠪᠠᠢᠯᠳᠤᠬᠤ ᠶ᠋ᠢ ᠵᠣᠭᠰᠣᠭᠠᠨ ᠬᠠᠭᠤᠷᠮᠠᠭᠯᠠᠨ ᠳᠠᠭᠠᠭᠠᠳ ᠰᠥᠨᠢ ᠮᠠᠨ ᠢ᠋ ᠠᠪᠤᠨ ᠤᠷᠭᠤᠮᠤᠢ ᠬᠡᠮᠡᠬᠦᠢ ᠳ᠋ᠦ᠍ᠷ ᠪᠢᠳᠡ ᠤᠷᠭᠤᠪᠠᠴᠤ ᠪᠦᠭᠭᠦᠭᠰᠡᠨ ᠴᠡᠷᠢᠭ ᠡᠴᠡ ᠭᠠᠷᠴᠤ ᠴᠢᠳᠠᠬᠤ ᠦᠭᠡᠢ ᠭᠡᠮᠡᠨ ᠡᠰᠡ ᠡᠴᠢᠬᠦᠢ ᠳ᠋ᠦ᠍ᠷ ᠲᠡᠷᠡ ᠡᠴᠢᠭᠡ ᠬᠥᠪᠡᠭᠦᠨ ᠬᠣᠶᠠᠭᠤᠯᠠ ᠵᠠᠢᠳᠠᠩ ᠮᠣᠷᠢ ᠤᠨᠤᠵᠤ ᠤᠷᠭᠤᠪᠠ᠃ ᠦᠨᠡᠨ ᠳ᠋ᠦ᠍ᠷ ᠪᠢᠳᠡ ᠡᠵᠡᠨ ᠢ᠋ᠶ᠋ᠡᠨ ᠠᠯᠠᠭᠰᠠᠨ ᠪᠤᠰᠤ᠃ 》 ᠭᠡᠮᠡᠨ ᠥᠴᠢᠬᠦᠢ ᠳ᠋ᠦ᠍ᠷ ᠲᠠᠢᠽᠦ ᠶ᠋ᠢᠨ ᠠᠭᠤᠷ ᠰᠠᠶᠢ ᠲᠣᠬᠣᠷᠴᠤ : 《ᠨᠠᠢ᠍ᠮᠠᠨ ᠤ᠋ ᠠᠮᠢᠳᠤ ᠪᠠᠷᠢᠭ᠍ᠳᠠᠭᠰᠠᠨ ᠵᠠᠩᠵᠤᠨ ᠨᠠᠷ ᠪᠠᠢᠪᠠᠰᠤ ᠠᠪᠴᠤ ᠢᠷ᠎ᠡ ! 》ᠬᠡᠮᠡᠲᠡᠯ᠎ᠡ ᠵᠡᠪᠡ ᠬᠣᠪᠣᠯᠠᠢ ᠬᠣᠶᠠᠭᠤᠯᠠ ᠢᠳᠡᠷ ᠳᠣᠪᠣ ᠶ᠋ᠢ ᠬᠦᠯᠢᠵᠦ ᠠᠴᠢᠷᠠᠪᠠ᠃ ᠢᠳᠡᠷ ᠳᠣᠪᠣ ᠡᠵᠡᠨ ᠢ᠋ᠶ᠋ᠡᠨ ᠶᠠᠰᠤ ᠶ᠋ᠢ ᠦᠵᠡᠭᠡᠳ ᠶᠡᠬᠡ ᠳᠠᠭᠤᠨ ᠢ᠋ᠶ᠋ᠠᠷ ᠪᠠᠷᠬᠢᠷᠠᠨ ᠤᠬᠢᠯᠠᠬᠤ ᠪᠣᠢ ‍ᠶ᠎ᠠ᠂ ᠲᠠᠢᠽᠦ ᠳ᠋ᠦ᠍ᠷ ᠪᠠᠰᠠ ᠬᠦ᠌ ᠰᠥᠭᠥᠳᠬᠦ ᠦᠭᠡᠢ᠂ ᠳᠠᠭᠠᠯᠳᠤᠭ᠎ᠠ ᠠᠯᠤᠬ᠎ᠠ᠂ ᠰᠦᠬᠡ ᠠᠬ᠎ᠠ ᠳᠡᠭᠦᠦ ᠬᠣᠶᠠᠭᠤᠯᠠ ᠬᠤᠯᠠᠰᠤᠪᠴᠢ ᠶ᠋ᠢᠨ ᠲᠣᠯᠣᠭᠠᠢ ᠪᠠ ᠴᠢᠦᠢ ᠱᠢ ᠯᠢ ᠶ᠋ᠢ ᠠᠪᠴᠤ ᠢᠷᠡᠪᠡ᠃ ᠪᠣᠱᠣᠭᠲᠤ ᠪᠣᠲ᠋ᠣ ᠮᠢᠩᠭᠠᠲᠠᠨ ᠢ᠋ ᠬᠦᠯᠢᠵᠦ ᠠᠴᠢᠷᠠᠨ ᠰᠥᠭᠥᠳᠬᠡᠪᠡ᠃ ᠴᠢᠯᠠᠭᠤ᠂ ᠲᠡᠮᠦᠷ ᠠᠬ᠎ᠠ ᠳᠡᠭᠦᠦ ᠬᠣᠶᠠᠭᠤᠯᠠ ᠭᠠᠯᠵᠠᠭᠤ ᠪᠤᠬ᠎ᠠ ᠶ᠋ᠢ ᠬᠦᠯᠢᠵᠦ ᠠᠴᠢᠷᠠᠪᠠ᠃ ᠪᠡᠯᠭᠦᠳᠡᠢ ᠬᠡᠷᠡᠢᠳ ᠦ᠋ᠨ ᠦᠯᠡᠭᠰᠡᠨ ᠨᠠᠮ ᠤ᠋ᠨ ᠲᠡᠷᠢᠭᠦᠰ ᠬᠥᠮᠦᠨ ᠠᠯᠢᠶ᠎ᠠ ᠶ᠋ᠢ ᠲᠦᠯᠬᠢᠨ ᠠᠪᠴᠢᠷᠠᠪᠠ᠃ ᠬᠠᠰᠠᠷ᠂ ᠪᠠᠶᠠᠴᠠᠷ ᠠᠢᠮᠠᠭ ᠤ᠋ᠨ ᠪᠣᠳᠣᠩ ᠢ᠋ ᠬᠦᠯᠢᠵᠦ ᠠᠪᠴᠢᠷᠠᠪᠠ᠃  
       ᠲᠡᠳᠦᠢ ᠲᠠᠢᠽᠦ᠂ ᠢᠳᠡᠷ ᠳᠣᠪᠣ ᠮᠢᠩᠭᠠᠲᠠᠨ ᠬᠣᠶᠠᠭᠤᠯᠠ ᠶ᠋ᠢᠨ ᠬᠦᠯᠢᠶᠡᠰᠦᠨ ᠢ᠋ ᠲᠠᠢᠯᠵᠤ᠂ ᠲᠡᠭᠦᠨ ᠦ᠌ ᠡᠵᠡᠨ ᠦ᠌ ᠶᠠᠰᠤᠨ ᠢ᠋ ᠠᠨᠤ ᠪᠠᠷᠢᠭᠤᠯᠵᠤ ᠪᠤᠯᠠᠭ ᠤ᠋ᠨ ᠤᠰᠤ ᠪᠠᠷ ᠤᠬᠢᠶᠠᠯᠭᠠᠨ᠂ ᠰᠢᠷᠬ᠎ᠠ ᠶ᠋ᠢ ᠣᠶᠣᠭᠤᠯᠵᠤ᠂ ᠨᠠᠢ᠍ᠮᠠᠨ ᠤ᠋ ᠳᠠᠭᠠᠭᠰᠠᠨ ᠴᠡᠷᠢᠭ ᠦ᠋ᠨ ᠬᠦᠷᠢᠶ᠎ᠡ ᠡᠴᠡ ᠲᠠᠢᠶᠠᠩ ᠬᠠᠭᠠᠨ ᠤ᠋ ᠠᠪᠰᠠ ᠶ᠋ᠢ ᠠᠨᠤ ᠠᠴᠢᠷᠠᠭᠤᠯᠵᠤ᠂ ᠡᠭᠡᠨᠡᠭᠲᠡ ᠬᠠᠭᠠᠨ ᠰᠠᠭᠤᠪᠠᠰᠤ ᠠᠪᠰᠠ ᠠ᠋ᠴᠠ ᠦᠯᠦ ᠰᠠᠯᠤᠮᠤᠢ᠃ ᠪᠠᠰᠠ ᠲᠠᠢᠽᠦ ᠥᠪᠡᠷ ᠦ᠋ᠨ ᠬᠥᠰᠬᠡ ᠡᠴᠡ ᠬᠠᠭᠠᠨ ᠤ᠋ ᠮᠠᠯᠠᠭ᠎ᠠ ᠳᠡᠪᠡᠯ ᠠᠴᠢᠷᠠᠭᠤᠯᠤᠨ ᠡᠮᠦᠰᠬᠡᠵᠦ ᠭᠠᠳᠠᠭᠤᠷ ᠠᠨᠤ ᠳᠠᠢᠶᠠᠩ ᠬᠠᠭᠠᠨ ᠤ᠋ ᠴᠢᠰᠤᠲᠤ ᠳᠡᠪᠡᠯ ᠢ᠋ ᠤᠬᠢᠶᠠᠯᠭᠠᠨ ᠨᠣᠢᠲᠠᠨ ᠢ᠋ᠶ᠋ᠠᠷ ᠬᠠᠭᠠᠨ ᠤ᠋ ᠮᠠᠯᠠᠭ᠎ᠠ ᠯᠤᠭ᠎ᠠ ᠡᠮᠦᠰᠬᠡᠨ ᠠᠪᠰᠠ ᠳ᠋ᠤᠷ ᠬᠢᠯᠭᠡᠵᠦ᠂ ᠮᠥᠨ ᠬᠦ᠌ ᠨᠠᠷᠠᠨ ᠰᠢᠩᠭᠡᠬᠦ ᠳᠠᠪᠠᠭᠠᠨ ᠤ᠋ ᠲᠡᠭᠰᠢ ᠭᠠᠵᠠᠷ ᠲᠤᠷ ᠪᠤᠯᠠᠵᠤ ᠳᠡᠭᠡᠷ᠎ᠡ ᠢᠨᠦ ᠴᠠᠭᠠᠨ ᠴᠢᠯᠠᠭᠤ ᠪᠠᠷ ᠣᠪᠣᠭ᠎ᠠ ᠪᠣᠰᠬᠠᠯᠭᠠᠨ᠂ ᠥᠪᠡᠷ ᠦ᠋ᠨ ᠪᠡᠶ᠎ᠡ ᠪᠡᠷ ᠰᠥᠭᠥᠳᠴᠦ ᠠᠷᠢᠬᠢ ᠰᠠᠴᠤᠵᠤ ᠡᠢᠨ ᠥᠭᠦᠯᠡᠷᠦᠨ : 
                ᠨᠠᠢ᠍ᠮᠠᠨ ᠤᠯᠤᠰ ᠢ᠋ ᠡᠵᠡᠯᠡᠭᠰᠡᠨ ᠨᠠᠷᠠᠨ ᠨᠡᠷᠡᠲᠦ ᠬᠠᠭᠠᠨ ᠴᠢ  
                ᠨᠠᠮᠤᠷ ᠬᠠᠪᠤᠷ ᠤ᠋ᠨ ᠡᠭᠡᠯᠵᠢᠯᠡᠭᠡᠨ ᠢ᠋ ᠡᠰᠡ ᠬᠢᠨᠠᠭᠰᠠᠨ ᠰᠢᠯᠲᠠᠭᠠᠨ ᠢ᠋ᠶ᠋ᠠᠷ 
                ᠨᠠᠢᠷᠲᠤ ᠡᠶᠡᠪᠡᠷᠭᠦ ᠲᠡᠮᠦᠵᠢᠨ ᠨᠠᠮᠠᠶ᠋ᠢ ᠲᠠᠯᠪᠢᠯ ᠦᠭᠡᠢ ᠨᠡᠬᠡᠵᠦ  
                ᠨᠠᠳᠠ ᠳ᠋ᠤᠷ ᠬᠠᠷᠢᠶᠠᠲᠤ ᠪᠠᠷᠠᠭᠤᠨ ᠵᠣᠪᠬᠢᠰ ᠢ᠋ ᠮᠢᠨᠦ ᠬᠡᠳᠦᠨ ᠵᠡᠷᠭᠡ ᠬᠠᠯᠳᠠᠲᠠᠯ᠎ᠠ   
                ᠨᠠᠮ ᠵᠠᠩᠲᠤ ᠳᠡᠭᠦᠦ ᠪᠢ ᠡᠷᠢᠵᠦ ᠡᠰᠡ ᠴᠡᠷᠢᠭᠯᠡᠭᠰᠡᠨ ᠪᠥᠭᠡᠲᠡᠯ᠎ᠡ   
                ᠨᠠᠰᠤᠨ ᠳᠤᠮᠳᠠ ᠭᠠᠷᠤᠭᠰᠠᠨ ᠴᠢᠭᠢᠷᠠᠭ ᠠᠬ᠎ᠠ ᠴᠢ ᠪᠡᠷ   
                ᠨᠠᠢᠷ ᠦᠭᠡᠢ ᠣᠯᠠᠨ ᠠᠢᠮᠠᠭ ᠢ᠋ ᠬᠡᠮᠵᠢᠶ᠎ᠡ ᠦᠭᠡᠢ ᠴᠢᠭᠤᠯᠤᠭᠤᠯᠵᠤ   
                ᠨᠠᠢ᠍ᠮᠠᠨ ᠠᠩᠭᠢ ᠬᠣᠷᠢᠨ ᠲᠦᠮᠡᠨ ᠣᠯᠠᠨ ᠴᠡᠷᠢᠭ ᠲᠦ᠍ᠷ ᠢ᠋ᠶ᠋ᠠᠨ ᠡᠷᠳᠦᠭᠰᠡᠭᠡᠷ   
                ᠨᠠᠷᠢᠨ ᠬᠣᠣᠷᠲᠤ ᠲᠥᠷᠥᠭᠰᠡᠨ ᠠᠴᠢ ᠴᠢᠢ ᠴᠦ᠍ ᠯᠢᠦᠢ ᠳ᠋ᠦ᠍ᠷ ᠢ᠋ᠶ᠋ᠠᠨ ᠠᠯᠠᠭᠳᠠᠵᠤ 
                ᠨᠠᠳᠠ ᠪᠠᠷ ᠬᠠᠷᠢᠨ ᠶᠠᠰᠤ ᠪᠠᠨ ᠬᠤᠷᠢᠶᠠᠯᠭᠠᠨ ᠪᠤᠮᠪᠠᠯᠠᠨ ᠳᠠᠢᠯᠭᠠᠮᠤᠢ᠃  
                ᠨᠠᠢᠲᠠᠢ ᠦᠭᠡᠢ ᠳᠡᠭᠦᠦ ᠪᠢ ᠡᠨᠡ ᠮᠡᠲᠦ ᠬᠦᠨᠳᠦᠯᠡᠬᠦ ᠢᠨᠦ   
                ᠨᠠᠭᠠᠳᠤᠮ ᠮᠡᠲᠦ ᠬᠠᠭᠤᠷᠮᠠᠭ ᠠᠭᠠᠰᠢ ᠪᠠᠷ ᠬᠠᠭᠤᠷᠬᠤ ᠠᠨᠤ ᠪᠤᠰᠤ᠂ 
                ᠨᠠᠶᠠᠨ ᠲᠦᠮᠡᠨ ᠳ᠋ᠦ᠍ᠷ ᠴᠢᠬᠡᠴᠢ ᠪᠡᠷ ᠬᠠᠭᠠᠨ ᠰᠠᠭᠤᠭᠰᠠᠨ ᠢ᠋ ᠴᠢᠨᠦ ᠰᠠᠨᠠᠵᠤ  
                ᠨᠠᠷᠢᠨ ᠬᠦᠨᠳᠦ ᠪᠡᠷ ᠪᠤᠮᠪᠠᠯᠠᠨ ᠣᠩᠭᠣᠯᠠᠵᠤ ᠲᠠᠯᠪᠢᠭᠠᠳ 
                ᠨᠠᠷᠢ ᠲᠠᠬᠢᠯ ᠰᠠᠢᠨ ᠠᠷᠢᠬᠢ ᠪᠠᠷ ᠰᠠᠴᠤᠯᠢ ᠰᠠᠴᠤᠵᠤ ᠳᠠᠬᠢᠭᠠᠳ 
                ᠨᠠᠰᠤ ᠣᠬᠣᠷ ᠴᠢᠦᠢ ᠴᠦ᠍ ᠯᠢᠦᠢ ᠶ᠋ᠢ ᠠᠯᠠᠵᠤ ᠥᠭᠰᠦᠭᠡᠢ᠃ 
ᠭᠡᠮᠡᠨ ᠲᠠᠢᠵᠤ ᠪᠠᠷᠠᠭᠠᠳ ᠪᠡᠶ᠎ᠡ ᠡᠭᠡᠵᠦ ᠵᠢᠨᠦᠩ ᠲᠡᠷᠢᠭᠦᠯᠡᠨ ᠪᠦᠭᠦᠳᠡᠭᠡᠷ ᠲᠦ᠍ ᠡᠢᠨ ᠲᠤᠩᠬᠠᠭᠯᠠᠨ ᠵᠠᠷᠯᠠᠷᠤᠨ : 《ᠡᠭᠦᠨ ᠡᠴᠡ ᠬᠣᠵᠢᠮ ᠮᠢᠨᠦ ᠶᠡᠬᠡ ᠴᠡᠷᠢᠭ ᠡᠯ᠎ᠡ ᠤᠯᠤᠰ ᠢ᠋ ᠠᠪᠬᠤᠢ ᠳ᠋ᠤᠷ ᠤᠯᠤᠰ ᠤ᠋ᠨ ᠡᠵᠡᠨ ᠢ᠋ ᠢᠨᠦ ᠬᠡᠷᠬᠢᠪᠡᠴᠦ ᠠᠯᠠᠬᠤ ᠳ᠋ᠤᠷ ᠪᠢᠲᠡᠭᠡᠢ ᠬᠦᠷᠭᠦᠯ ! ᠲᠡᠭᠦᠨ ᠦ᠌ ᠤᠯᠤᠰ ᠢᠷᠭᠡᠨ ᠭᠠᠵᠠᠷ ᠣᠷᠣᠨ ᠠᠨᠤ ᠴᠥᠮ ᠮᠠᠨ ᠤ᠋ ᠪᠣᠯᠪᠠᠰᠤ ᠪᠠᠷᠠᠪᠠᠢ᠃ ᠣᠨᠴᠠ ᠲᠡᠷᠡ ᠨᠢᠭᠡᠨ ᠬᠥᠮᠦᠨ ᠢ᠋ ᠠᠯᠠᠭᠰᠠᠨ ᠢ᠋ᠶ᠋ᠠᠷ ᠶᠠᠮᠪᠠᠷ ᠲᠤᠰᠠ ᠪᠣᠯᠬᠤ᠂ ᠡᠰᠡ ᠠᠯᠠᠭᠰᠠᠨ ᠢ᠋ᠶ᠋ᠠᠷ ᠶᠠᠮᠪᠠᠷ ᠬᠣᠣᠷ ᠬᠢᠵᠦ ᠴᠢᠳᠠᠬᠤ ᠪᠣᠢ ! 》ᠬᠡᠮᠡᠪᠡ᠃ ᠲᠠᠢᠽᠦ ᠶ᠋ᠢᠨ ᠡᠨᠡ ᠮᠡᠲᠦ ᠭᠦᠨ ᠬᠣᠯᠠ ᠶ᠋ᠢ ᠬᠢᠲᠠᠳ ᠰᠤᠳᠤᠷᠴᠢ ᠨᠠᠷ ᠣᠨᠴᠠ ᠮᠣᠩᠭᠣᠯ ᠢ᠋ ᠳᠣᠣᠷ᠎ᠠ ᠦᠵᠡᠵᠦ ᠳᠠᠷᠤᠯᠠᠨ ᠳᠣᠷᠣᠮᠵᠢᠯᠠᠵᠤ ᠮᠠᠭᠤ ᠬᠡᠯᠡᠬᠦ ᠵᠠᠩ ᠢ᠋ᠶ᠋ᠠᠷ ᠠᠳᠬᠠᠭ ᠰᠠᠨᠠᠭᠠᠨ ᠢ᠋ᠶ᠋ᠠᠨ ᠬᠠᠯᠠᠨ ᠴᠢᠳᠠᠬᠤ ᠦᠭᠡᠢ ᠪᠡᠷ ᠮᠣᠩᠭᠣᠯ ᠤ᠋ᠨ ᠰᠡᠪ ᠢ᠋ ᠡᠷᠢᠵᠦ ᠬᠡᠯᠡᠮᠦᠢ ᠭᠡᠮᠡᠨ ᠪᠢᠴᠢᠬᠦᠢ ᠳ᠋ᠡᠭᠡᠨ 《ᠽᠢ ᡁᠢ ᠲᠦᠩ ᠵᠢᠶᠠᠨ ᠭᠠᠩ ᠮᠦ᠍ 》 ᠳ᠋ᠦ᠍ᠷ ᠲᠠᠢᠽᠦ ᠶ᠋ᠢᠨ ᠨᠠᠢ᠍ᠮᠠᠨ ᠢ᠋ ᠮᠥᠬᠥᠭᠡᠭᠰᠡᠨ ᠨᠢᠭᠡᠨ ᠬᠡᠰᠡᠭ ᠲᠣᠷ ᠬᠣᠢᠨ᠎ᠠ ᠢᠯᠭᠠᠭᠰᠠᠨ ᠠᠨᠤ : ᠲᠡᠮᠦᠵᠢᠨ ᠦ᠌ ᠤᠯᠤᠰ ᠪᠦᠬᠦᠨ ᠢ᠋ ᠡᠨᠡ ᠮᠡᠲᠦ ᠦᠨᠳᠦᠰᠦ ᠦᠭᠡᠢ ᠠᠷᠢᠯᠭᠠᠬᠤ ᠠᠨᠤ ᠶᠠᠭᠤᠲᠠᠢ ᠬᠠᠷᠠᠲᠠᠢ᠂ ᠬᠣᠵᠢᠮ ᠡᠳᠦᠷ ᠪᠤᠰᠤᠳ ᠪᠠᠰᠠ ᠬᠦ᠌ ᠲᠡᠭᠦᠨ ᠢ᠋ ᠲᠡᠷᠡ ᠮᠡᠲᠦ ᠠᠪᠬᠤ ᠪᠣᠯᠠᠢ ᠬᠡᠮᠡᠵᠦᠬᠦᠢ᠃ ᠮᠤᠩᠬᠠᠭ ᠪᠢ ᠪᠣᠳᠣᠪᠠᠰᠤ ᠡᠷᠲᠡᠨ ᠦ᠌ ᠴᠢᠨ ᠱᠢ ᠬᠤᠸᠠᠩ ᠠ᠋ᠴᠠ ᠠᠯᠢ ᠤᠯᠤᠰ ᠲᠥᠷᠥ ᠪᠦᠲᠦᠬᠦᠢ ᠳ᠋ᠦ᠍ᠷ ᠴᠥᠮ ᠨᠢᠭᠡᠨ ᠳᠡᠯᠡᠬᠡᠢ ᠳ᠋ᠠᠬᠢᠨ ᠪᠣᠯᠭᠠᠰᠤᠭᠠᠢ ᠭᠡᠮᠡᠨ ᠳᠠᠢᠯᠠᠭᠰᠠᠨ ᠠᠨᠤ᠂ ᠲᠠᠢᠽᠦ ᠯᠤᠭ᠎ᠠ ᠨᠢᠭᠡᠨ ᠠᠳᠠᠯᠢ ᠪᠣᠯᠠᠢ᠃ ᠨᠡᠩ ᠪᠠᠰᠠ ᠳᠡᠯᠡᠬᠡᠢ ᠳ᠋ᠠᠬᠢᠨ ᠤ᠋ ᠬᠡᠮᠡᠭᠴᠢ ᠳᠡᠯᠡᠬᠡᠢ ᠳ᠋ᠠᠬᠢᠨ ᠲᠤᠯᠠ ᠳᠡᠯᠡᠬᠡᠢ ᠳ᠋ᠠᠬᠢᠨ ᠤ᠋ ᠬᠥᠮᠦᠨ ᠡᠭᠡᠯᠵᠢᠯᠡᠨ ᠰᠠᠭᠤᠬᠤᠢ ᠳ᠋ᠤᠷ ᠠᠯᠢᠨ ᠠᠨᠤ ᠳᠡᠯᠡᠬᠡᠢ ᠳ᠋ᠠᠬᠢᠨ ᠢ᠋ ᠪᠤᠯᠢᠶᠠᠨ ᠠᠪᠬᠤᠢ ᠳ᠋ᠤᠷ ᠲᠡᠭᠦᠨ ᠳ᠋ᠦ᠍ᠷ ᠦᠯᠡᠳᠡᠭᠡᠬᠦ ᠪᠣᠢ ᠠᠵᠢ ! ᠡᠨᠡ ᠢᠨᠦ ᠨᠢᠭᠡᠨᠲᠡ ᠲᠣᠭᠲᠠᠭᠠᠭᠰᠠᠨ ᠬᠡᠷᠡᠭ ᠪᠥᠭᠡᠲᠡᠯ᠎ᠡ ᠮᠣᠩᠭᠣᠯ ᠢᠷᠭᠡᠨ ᠢ᠋ ᠬᠤᠷᠢᠶᠠᠭᠰᠠᠨ ᠳ᠋ᠤᠷ ᠲᠡᠷᠡ ᠮᠡᠲᠦ ᠲᠡᠰᠬᠦ ᠠᠯᠳᠠᠷᠠᠬᠤ ᠵᠡᠷᠭᠡ ᠶ᠋ᠢᠨ ᠦᠭᠡ ᠶ᠋ᠢ ᠬᠡᠯᠡᠵᠦ ᠶᠠᠭᠤ ᠬᠢᠬᠦ ᠪᠣᠢ ! ᠮᠢᠨᠦ ᠰᠣᠨᠣᠰᠤᠭᠰᠠᠨ ᠠᠨᠤ : ᠥᠪᠡᠷᠴᠢᠯᠡᠯ ᠦᠭᠡᠢ ᠬᠥᠮᠦᠨ ᠢ᠋ ᠤᠯᠤᠰ ᠤ᠋ᠨ ᠰᠤᠳᠤᠷᠴᠢ ᠶ᠋ᠢᠨ ᠶᠠᠮᠤᠨ᠎ᠠ ᠣᠷᠣᠭᠤᠯᠤᠮᠤᠢ ᠬᠡᠮᠡᠯᠦᠭᠡ᠃ ᠡᠨᠡ ᠤᠳᠠᠭ᠎ᠠ ᠶ᠋ᠢᠨ ᠰᠤᠳᠤᠷᠴᠢ ᠬᠥᠮᠦᠨ ᠣᠯᠠᠨ ᠰᠤᠳᠤᠷᠴᠢ ᠨᠠᠷ ᠢ᠋ ᠶᠡᠬᠡᠯ᠎ᠡ ᠭᠤᠲᠤᠭᠠᠵᠤ ᠬᠠᠯᠠᠭᠤ ᠰᠠᠨᠠᠭᠠᠨ ᠢ᠋ᠶ᠋ᠠᠨ ᠮᠡᠳᠡᠭᠳᠡᠵᠦᠬᠦᠢ᠃ ᠲᠡᠷᠡ ᠵᠠᠰᠠᠨ ᠬᠡᠯᠡᠪᠡᠴᠦ ᠮᠣᠩᠭᠣᠯ ᠵᠦᠩ ᠶᠤᠸᠠᠨ ᠢ᠋ ᠡᠵᠡᠯᠡᠭᠰᠡᠨ ᠦᠭᠡᠢ ᠪᠣᠯᠭᠠᠨ ᠡᠰᠡ ᠴᠢᠳᠠᠭᠰᠠᠨ ᠠᠨᠤ ᠥᠴᠦᠬᠡᠨ ᠳᠡᠭᠡᠷ᠎ᠡ ᠴᠢᠳᠠᠯ ᠦᠭᠡᠢ ᠪᠥᠭᠡᠳ ᠦᠭᠡ ᠪᠠᠰᠠ ᠡᠰᠡ ᠤᠨᠤᠵᠤᠬᠤᠢ᠃ ᠮᠢᠩ ᠤᠯᠤᠰ ᠰᠠᠭᠤᠵᠤ᠂ ᠴᠢᠩ ᠤᠯᠤᠰ ᠡᠵᠡᠯᠡᠨ ᠡᠨᠡ ᠲᠠᠢᠽᠦ ᠶ᠋ᠢᠨ ᠦᠷᠡᠰ ᠪᠠᠰᠠ ᠴᠤ᠌ ᠨᠢᠭᠡᠨ ᠵᠠᠭᠤᠨ ᠳᠠᠯᠠᠨ ᠢᠯᠡᠭᠦᠦ ᠬᠣᠰᠢᠭᠤ ᠪᠠᠢᠬᠤ ᠠᠨᠤ ᠦᠨᠳᠦᠰᠦᠨ ᠦᠭᠡᠢ ᠡᠵᠡᠯᠡᠭᠰᠡᠨ ᠪᠣᠯᠪᠠᠰᠤ ᠡᠳᠡᠭᠡᠷ ᠢᠨᠦ ᠶᠠᠭᠠᠬᠢᠨ ᠡᠳᠦᠭᠡ ᠪᠣᠯᠲᠠᠯ᠎ᠠ ᠪᠠᠢᠬᠤ ᠠᠵᠢ᠃ 
       ᠲᠡᠨᠳᠡ ᠡᠴᠡ ᠲᠠᠢᠽᠦ ᠶ᠋ᠢᠨ ᠴᠡᠷᠢᠭ ᠲᠦ᠍ᠷ ᠪᠠᠷᠢᠭ᠍ᠳᠠᠭᠰᠠᠨ ᠨᠠᠢ᠍ᠮᠠᠨ ᠤ᠋ ᠬᠠᠳᠠᠨ ᠬᠡᠲᠦᠷᠡᠭᠰᠡᠨ ᠢᠳᠡᠷ ᠳᠣᠪᠣ ᠠ᠋ᠴᠠ ᠲᠡᠷᠢᠭᠦᠯᠡᠨ ᠴᠥᠮ ᠨᠢᠳᠦᠨ ᠡᠴᠡ ᠨᠢᠯᠪᠤᠰᠤᠨ ᠴᠤᠪᠤᠷᠢᠭᠤᠯᠵᠤ ᠪᠢᠰᠢᠷᠡᠨ ᠳᠠᠭᠠᠪᠠ᠃ ᠲᠡᠳᠦᠢ ᠲᠠᠢᠽᠦ ᠣᠯᠠᠨ ᠴᠡᠷᠢᠭ ᠢ᠋ ᠠᠪᠴᠤ ᠬᠠᠩᠭᠠᠢ ᠠᠭᠤᠯᠠᠨ ᠤ᠋ ᠡᠮᠦᠨ᠎ᠡ ᠬᠣᠶᠠᠷ ᠬᠦᠷᠢᠶ᠎ᠡ ᠶ᠋ᠢ ᠨᠡᠢᠯᠡᠭᠦᠯᠦᠨ ᠪᠠᠭᠤᠳᠠᠯᠯᠠᠭᠤᠯᠵᠤ ᠣᠯᠠᠨ ᠴᠡᠷᠢᠭ ᠢ᠋ ᠲᠡᠭᠰᠢᠯᠡᠭᠡᠳ ᠨᠠᠢ᠍ᠮᠠᠨ ᠤ᠋ ᠡᠵᠡᠨ ᠦᠭᠡᠢ ᠴᠡᠷᠢᠭ ᠢ᠋ ᠶᠢᠰᠦᠨ ᠡᠩ ᠦ᠋ᠨ ᠭᠤᠴᠢᠨ ᠵᠢᠷᠭᠤᠭᠠᠨ ᠠᠩᠭᠢ ᠶ᠋ᠢᠨ ᠨᠢᠭᠡᠨ ᠵᠠᠭᠤᠨ ᠨᠠᠶᠠᠨ ᠪᠠᠭ ᠲᠤᠷ ᠰᠠᠯᠭᠠᠨ ᠵᠠᠬᠢᠷᠤᠭᠤᠯᠵᠤ᠂ ᠰᠠᠶᠢ ᠨᠠᠢ᠍ᠮᠠᠨ ᠤ᠋ ᠵᠦᠭ ᠴᠡᠷᠢᠭ ᠬᠥᠳᠡᠯᠲᠡᠯ᠎ᠡ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠨᠠᠷ ᠤ᠋ᠨ ᠴᠡᠷᠢᠭ ᠦ᠋ᠳ ᠨᠠᠢ᠍ᠮᠠᠨ ᠤᠯᠤᠰ ᠠ᠋ᠴᠠ ᠤᠷᠭᠤᠨ ᠭᠠᠷᠴᠤ ᠳᠤᠲᠠᠭᠠᠬᠤ ᠶᠢᠰᠦᠨ ᠮᠢᠩᠭᠠᠨ ᠢᠯᠡᠭᠦᠦ ᠠᠢᠮᠠᠭ ᠪᠦᠷᠢ ᠶ᠋ᠢᠨ ᠴᠡᠷᠢᠭ ᠢ᠋ ᠲᠣᠰᠴᠤ ᠪᠠᠢᠯᠳᠤᠨ ᠳᠠᠷᠤᠭᠠᠳ ᠲᠡᠷᠢᠭᠦᠯᠡᠭᠰᠡᠨ ᠡᠵᠡᠨ ᠬᠠᠳᠠᠷᠠ ᠠᠢᠮᠠᠭ ᠤ᠋ᠨ ᠡᠵᠡᠨ ᠵᠣᠯᠢ᠂ ᠱᠠᠯᠵᠢᠭᠤᠳ ᠠᠢᠮᠠᠭ ᠤ᠋ᠨ ᠡᠵᠡᠨ ᠮᠡᠨᠡᠭ ᠨᠠᠷ ᠢ᠋ ᠪᠠᠷᠢᠵᠤ᠂ ᠦᠯᠡᠭᠰᠡᠨ ᠴᠡᠷᠢᠭ ᠢ᠋ ᠴᠥᠮ ᠳᠠᠭᠠᠭᠤᠯᠵᠤ ᠠᠪᠴᠢᠷᠠᠭᠰᠠᠨ ᠳ᠋ᠤᠷ ᠲᠠᠢᠽᠦ᠂ ᠵᠣᠯᠢ ᠮᠡᠨᠡᠭ ᠨᠠᠷ ᠢ᠋ ᠢᠲᠡᠭᠡᠮᠵᠢ ᠦᠭᠡᠢ ᠭᠡᠮᠡᠨ ᠴᠥᠮ ᠠᠯᠠᠭᠤᠯᠵᠤ᠂ ᠳᠠᠭᠠᠭᠰᠠᠨ ᠴᠡᠷᠢᠭ ᠦ᠋ᠳ ᠢ᠋ ᠪᠠᠢᠴᠠᠭᠠᠨ ᠬᠤᠪᠢᠶᠠᠵᠤ ᠵᠠᠬᠢᠷᠤᠭᠤᠯᠤᠨ᠂ ᠶᠡᠬᠡ ᠴᠡᠷᠢᠭ ᠢ᠋ ᠠᠪᠴᠤ ᠨᠠᠢ᠍ᠮᠠᠨ ᠤ᠋ ᠵᠦᠭ ᠣᠷᠣᠵᠤ ᠬᠣᠷᠢᠨ ᠭᠠᠵᠠᠷ ᠶᠠᠪᠤᠭᠰᠠᠨ ᠦᠭᠡᠢ᠂ ᠬᠤᠳᠠᠷᠭ᠎ᠠ ᠪᠠᠭᠠᠲᠤᠷ ᠤᠭᠲᠤᠨ ᠢᠷᠡᠵᠦ : ᠠᠯᠠᠭ ᠥᠩᠭᠡᠲᠦ ᠶ᠋ᠢᠨ ᠳᠠᠴᠢᠩᠬᠤᠷᠯᠤ ᠯᠤᠭ᠎ᠠ ᠬᠠᠮᠲᠤ ᠨᠡᠢᠯᠡᠵᠦ ᠨᠠᠢ᠍ᠮᠠᠨ ᠤ᠋ ᠨᠡᠢᠲᠡ ᠶ᠋ᠢ ᠴᠥᠮ ᠬᠤᠷᠢᠶᠠᠮᠵᠢᠯᠠᠵᠤ ᠲᠣᠭᠲᠠᠭᠠᠨ ᠣᠯᠤᠭᠰᠠᠨ ᠪᠠᠶᠠᠷ ᠢ᠋ ᠮᠡᠳᠡᠭᠦᠯᠵᠦᠬᠦᠢ᠃ ᠲᠡᠳᠦᠢ ᠪᠧᠲ᠋ᠠ᠋ ᠤᠯᠤᠰ ᠤ᠋ᠨ ᠴᠡᠷᠢᠭ ᠰᠠᠭᠠᠲᠠᠯ ᠦᠭᠡᠢ ᠨᠠᠢ᠍ᠮᠠᠨ ᠤ᠋ ᠶᠡᠬᠡ ᠤᠯᠤᠰ ᠲᠤᠷ ᠬᠦᠷᠲᠡᠯ᠎ᠡ ᠸᠠᠩᠬᠦᠪ ᠠᠢᠮᠠᠭ ᠤ᠋ᠨ ᠡᠵᠡᠨ ᠳᠠᠴᠢᠩᠬᠤᠷᠯᠤ ᠣᠯᠠᠨ ᠢ᠋ᠶ᠋ᠠᠷ ᠲᠡᠷᠢᠭᠦᠯᠡᠵᠦ᠂ ᠲᠠᠢᠽᠦ ᠶ᠋ᠢ ᠤᠭᠲᠤᠨ ᠵᠣᠯᠭᠠᠵᠤ ᠪᠠᠶᠠᠷ ᠤ᠋ᠨ ᠠᠷᠢᠬᠢ ᠪᠠᠷᠢᠵᠤ ᠨᠠᠢ᠍ᠮᠠᠨ ᠤ᠋ ᠬᠠᠭᠤᠴᠢᠨ ᠰᠢ ᠯᠢᠶᠣᠤ ᠤᠯᠤᠰ ᠤ᠋ᠨ ᠤᠷᠲᠤ ᠬᠠᠷᠰᠢ ᠳ᠋ᠤᠷ ᠣᠷᠣᠵᠤ ᠶᠡᠬᠡ ᠬᠤᠷᠢᠮ ᠬᠤᠷᠢᠮᠯᠠᠬᠤᠶ᠎ᠠ᠂ ᠵᠢᠨᠦᠩ ᠮᠤᠬᠤᠯᠢ ᠳᠠᠢᠶᠠᠩ ᠬᠠᠭᠠᠨ ᠤ᠋ ᠡᠮ᠎ᠡ ᠦᠷ᠎ᠡ ᠶ᠋ᠢ ᠴᠡᠷᠢᠭ ᠢ᠋ᠶ᠋ᠡᠷ ᠬᠠᠷᠠᠭᠤᠯᠵᠤ᠂ ᠪᠢᠲᠡᠭᠡᠢ ᠳᠠᠷᠤᠯᠠᠨ ᠳᠠᠪᠴᠢᠯᠠ ᠭᠡᠮᠡᠨ ᠴᠢᠩᠳᠠ ᠴᠠᠭᠠᠵᠠᠯᠠᠪᠠ᠃ ᠡᠨᠡ ᠢᠨᠦ ᠨᠠᠢ᠍ᠮᠠᠨ ᠤ᠋ ᠬᠣᠩᠭᠣᠷ ᠵᠤᠯᠠ᠂ ᠮᠤᠬᠤᠯᠢ ᠶ᠋ᠢ ᠭᠠᠷᠴᠤ ᠢᠷᠡᠬᠦᠢ ᠳ᠋ᠦ᠍ᠷ ᠳᠠᠬᠢᠨ ᠳᠠᠪᠲᠠᠨ ᠤᠬᠢᠯᠠᠨ ᠰᠥᠭᠥᠳᠴᠦ ᠰᠠᠨᠠᠭᠠᠨ ᠳ᠋ᠤᠷ ᠣᠷᠣᠭᠤᠯᠤᠨ ᠭᠤᠶᠤᠭᠰᠠᠨ ᠠᠵᠤᠭᠤ᠃ 
       ᠲᠡᠳᠦᠢ ᠬᠤᠷᠢᠮ ᠤ᠋ᠨ ᠡᠮᠦᠨ᠎ᠡ ᠮᠤᠬᠤᠯᠢ ᠳᠣᠯᠣᠭᠠᠨ ᠵᠦᠢᠯ ᠦ᠋ᠨ ᠡᠷᠳᠡᠨᠢ ᠰᠢᠭᠢᠳᠬᠡᠭᠡᠷᠢᠲᠦ ᠮᠠᠯᠠᠭ᠎ᠠ ᠳᠤᠭᠤᠯᠠᠭ᠎ᠠ ᠶ᠋ᠢ ᠡᠮᠦᠰᠴᠦ ᠵᠠᠯᠮ᠎ᠠ ᠯᠤᠭ᠎ᠠ ᠵᠠᠮᠤᠬ᠎ᠠ ᠶ᠋ᠢ ᠬᠦᠯᠢᠵᠦ ᠠᠪᠴᠢᠷᠠᠪᠠ᠃ ᠲᠠᠢᠽᠦ᠂ ᠵᠠᠮᠤᠬ᠎ᠠ ᠶ᠋ᠢ ᠦᠵᠡᠮᠡᠭᠴᠡ ᠨᠢᠳᠦᠨ ᠡᠴᠡ ᠭᠠᠯ ᠭᠠᠷᠪᠠ᠃ ᠦᠵᠡᠰᠡ ᠵᠡᠯᠮ᠎ᠡ᠂ ᠵᠠᠮᠤᠬ᠎ᠠ ᠶ᠋ᠢᠨ ᠴᠡᠷᠢᠭ ᠲᠦ᠍ᠷ ᠬᠠᠮᠲᠤ ᠪᠠᠢᠵᠤ᠂ ᠣᠯᠣᠩᠬᠤ᠂ ᠭᠣᠣᠷᠬᠢ ᠬᠣᠶᠠᠭᠤᠯᠠ ᠶ᠋ᠢᠨ ᠳᠥᠴᠢᠭᠡᠳ ᠬᠥᠮᠦᠨ ᠢ᠋ ᠣᠯᠵᠤ ᠲᠡᠷᠡ ᠡᠳᠦᠷ ᠦ᠋ᠨ ᠪᠠᠢᠯᠳᠤᠭᠠᠨ᠎ᠠ᠂ ᠵᠠᠮᠤᠬ᠎ᠠ ᠢᠯᠳᠡᠰᠢ ᠮᠥᠷᠡᠨ ᠦ᠌ ᠮᠠᠢᠯᠵᠢ ᠠᠢᠮᠠᠭ ᠤ᠋ᠨ ᠲᠣᠳᠣ᠂ ᠸᠠᠢᠯᠠ ᠠᠢᠮᠠᠭ ᠤ᠋ᠨ ᠬᠤᠪᠢᠲᠤ ᠬᠤᠸᠠ ᠭᠤᠷᠪᠠᠭᠤᠯᠠ ᠨᠠᠢ᠍ᠮᠠᠨ ᠤ᠋ ᠴᠡᠷᠢᠭ ᠡᠴᠡ ᠰᠠᠯᠵᠤ ᠰᠥᠨᠢ ᠣᠷᠭᠣᠬᠤᠶ᠎ᠠ ᠴᠢᠯᠠᠭᠤ᠂ ᠲᠡᠮᠦᠷ ᠦ᠋ᠨ ᠴᠡᠷᠢᠭ ᠲᠦ᠍ᠷ ᠳᠠᠷᠤᠭᠳᠠᠭᠰᠠᠨ᠎ᠠ ᠲᠠᠰᠢᠷᠠᠮ ᠳ᠋ᠤᠷ ᠵᠠᠮᠤᠬ᠎ᠠ ᠭᠣᠣᠯ ᠤ᠋ᠨ ᠥᠭᠡᠳᠡ ᠡᠴᠢᠭᠰᠡᠨ ᠶᠡᠬᠡᠯ᠎ᠡ ᠶᠠᠭᠠᠷᠠᠯᠲᠠᠢ ᠴᠠᠭ ᠲᠤᠯᠠ ᠵᠠᠮᠤᠬ᠎ᠠ ᠦᠰᠦ ᠪᠡᠨ ᠠᠯᠳᠠᠷᠠᠭᠠᠵᠤ᠂ ᠤᠰᠤᠨ ᠤ᠋ ᠳᠣᠲᠣᠷ᠎ᠠ ᠪᠠᠰᠠ ᠨᠢᠭᠡᠨ ᠪᠢᠴᠢᠬᠠᠨ ᠲᠣᠯᠣᠭᠠᠢ ᠦᠵᠡᠭᠳᠡᠵᠦ᠂ ᠭᠠᠷ ᠲᠤᠷ ᠪᠠᠷᠢᠭ᠍ᠰᠠᠨ ᠢᠯᠳᠦᠨ ᠦ᠌ ᠦᠵᠦᠭᠦᠷ ᠲᠣᠷ ᠭᠠᠯ ᠭᠠᠷᠴᠤ ᠳᠤᠲᠠᠭᠠᠬᠤᠶ᠎ᠠ ᠵᠠᠯᠮ᠎ᠠ ᠲᠡᠷᠢᠭᠦᠯᠡᠵᠦ ᠭᠠᠷ ᠬᠥᠳᠡᠯᠦᠨ ᠪᠠᠷᠢᠵᠤ᠂ ᠠᠷᠲᠠ ᠬᠤᠰᠠᠭᠤᠷ ᠬᠣᠶᠠᠭᠤᠯᠠ ᠶ᠋ᠢ ᠴᠠᠪᠴᠢᠨ ᠠᠯᠠᠭᠠᠳ ᠵᠢᠨᠦᠩ ᠦ᠋ᠨ ᠪᠠᠭᠤᠳᠠᠯ ᠳ᠋ᠤᠷ ᠡᠴᠢᠵᠦ ᠣᠨᠴᠠ ᠡᠨᠡ ᠡᠳᠦᠷ ᠦ᠋ᠨ ᠬᠤᠷᠢᠮ ᠢ᠋ ᠬᠦᠯᠢᠶᠡᠭᠰᠡᠨ ᠠᠵᠤᠭᠤ᠃ ᠲᠡᠢᠨ ᠬᠦ᠌ ᠮᠤᠬᠤᠯᠢ ᠡᠵᠡᠨ ᠦ᠌ ᠱᠠᠩᠨᠠᠭᠰᠠᠨ ᠶᠢᠰᠦᠨ ᠵᠦᠢᠯ ᠦ᠋ᠨ ᠡᠷᠳᠡᠨᠢ ᠶ᠋ᠢ ᠨᠠᠢ᠍ᠮᠠᠨ ᠤ᠋ ᠴᠡᠷᠢᠭ ᠦ᠋ᠨ ᠬᠦᠷᠢᠶ᠎ᠡ ᠡᠴᠡ ᠬᠡᠳᠦᠢᠨᠡᠢ ᠬᠣᠷᠢᠶᠠᠨ ᠠᠪᠴᠤ ᠢᠷᠡᠭᠰᠡᠨ ᠠᠵᠤᠭᠤ᠃ 
       ᠲᠡᠳᠦᠢ ᠲᠠᠢᠽᠦ᠂ ᠵᠠᠮᠤᠬ᠎ᠠ ᠶ᠋ᠢ ᠦᠵᠡᠭᠡᠳ ᠶᠡᠬᠡᠯ᠎ᠡ ᠬᠢᠯᠢᠩ ᠲᠥᠷᠥᠵᠦ ᠵᠠᠩᠳᠠᠨ ᠥᠭᠦᠯᠡᠷᠦᠨ : 《ᠳᠣᠯᠣᠭᠠᠨ ᠤᠯᠤᠰ ᠲᠤᠷ ᠮᠣᠷᠢ ᠠᠷᠠᠯᠵᠢᠭ᠍ᠰᠠᠨ ᠪᠤᠷᠲᠠᠭ ᠪᠣᠭᠣᠯ᠂ ᠠᠯᠢ ᠤᠯᠤᠰ ᠲᠤᠷ ᠬᠦᠷᠪᠡᠰᠦ ᠠᠯᠢ ᠤᠯᠤᠰ ᠢ᠋ ᠮᠥᠬᠥᠭᠡᠭᠰᠡᠨ ᠥᠯᠵᠡᠢ ᠪᠤᠰᠤ ᠠᠮᠢᠲᠠᠨ ᠴᠢᠨᠦ ᠭᠠᠷ ᠢ᠋ᠶ᠋ᠠᠷ ᠬᠡᠳᠦᠢᠴᠢᠨᠡᠭᠡᠨ ᠠᠢᠮᠠᠭ ᠢ᠋ ᠮᠥᠬᠥᠭᠦᠯᠦᠭᠰᠡᠨ ᠢ᠋ᠶ᠋ᠡᠨ ᠴᠢ ᠥᠪᠡᠷ ᠢ᠋ᠶ᠋ᠡᠨ ᠡᠭᠡᠭᠦᠯᠵᠦ ᠦᠵᠡᠭᠳᠡᠬᠦᠢ᠂ ᠨᠡᠩ ᠪᠠᠰᠠ ᠬᠡᠷᠡᠢᠳ ᠦ᠋ᠨ ᠸᠠᠩ ᠴᠢᠮ᠎ᠠ ᠳ᠋ᠤᠷ ᠥᠴᠦᠬᠡᠨ ᠴᠦ᠍ ᠮᠠᠭᠤ ᠦᠭᠡᠢ᠂ ᠠᠮᠢᠨ ᠢ᠋ ᠴᠢᠨᠦ ᠠᠪᠤᠷᠠᠨ ᠲᠡᠵᠢᠭᠡᠭᠰᠡᠨ ᠠᠴᠢᠲᠤ ᠬᠥᠮᠦᠨ ᠢ᠋ ᠴᠢ ᠬᠡᠷᠬᠢᠨ ᠲᠥᠪᠳᠡᠵᠦ ᠴᠠᠪᠴᠢᠨ ᠠᠯᠠᠪᠠ ?  ᠪᠠᠰᠠ ᠡᠨᠡ ᠨᠠᠢ᠍ᠮᠠᠨ ᠤᠯᠤᠰ ᠢ᠋ ᠴᠢ ᠥᠳᠥᠭᠡᠵᠦ ᠡᠨᠡ ᠮᠡᠲᠦ ᠳ᠋ᠦ᠍ᠷ ᠬᠦᠷᠭᠡᠭᠡᠳ ᠪᠠᠰᠠ ᠪᠤᠰᠤ ᠤᠯᠤᠰ ᠢ᠋ ᠠᠪᠴᠤ ᠤᠷᠪᠠᠬᠤ ᠠᠨᠤ ᠳᠡᠯᠡᠬᠡᠢ ᠳ᠋ᠠᠭᠢᠨ᠎ᠠ ᠡᠨᠡ ᠮᠡᠲᠦ ᠵᠠᠯᠢᠬᠠᠢ ᠬᠠᠷᠭᠢᠰ ᠵᠢᠷᠤᠮ ᠦᠭᠡᠢ ᠪᠣᠭᠣᠯ ᠪᠠᠰᠠ ᠪᠣᠢ ᠤᠤ ? 》ᠭᠡᠮᠡᠨ ᠬᠣᠶᠠᠷ ᠴᠢᠬᠢ ᠳ᠋ᠦ᠍ᠷ ᠵᠡᠪᠡ ᠬᠠᠳᠬᠤᠵᠤ᠂ ᠭᠠᠷ ᠬᠥᠯ ᠦ᠋ᠨ ᠬᠤᠷᠤᠭᠤ ᠶ᠋ᠢ ᠴᠥᠮ ᠣᠭᠲᠣᠯᠤᠭᠤᠯᠤᠨ ᠬᠣᠷᠢᠭᠤᠯ ᠲᠡᠷᠭᠡ ᠳ᠋ᠦ᠍ᠷ ᠬᠣᠷᠢᠭᠤᠯᠵᠤ : 《ᠤᠯᠤᠰ ᠲᠤᠷ ᠡᠭᠡᠭᠰᠡᠨ ᠬᠣᠢᠨ᠎ᠠ ᠾᠧ ᠸᠠᠩ ᠤ᠋ᠨ ᠬᠡᠭᠦᠷ ᠦ᠋ᠨ ᠡᠮᠦᠨ᠎ᠡ ᠣᠭᠲᠣᠴᠢᠨ ᠠᠯᠠᠬᠤ ᠶ᠋ᠢ ᠬᠦᠯᠢᠶᠡ ! 》 ᠭᠡᠮᠡᠨ ᠠᠴᠢ ᠠᠷᠲᠠ ᠬᠤᠰᠠᠭᠤᠷ ᠬᠣᠶᠠᠷ ᠢ᠋ ᠨᠢᠭᠡᠨᠲᠡ ᠠᠯᠠᠭᠰᠠᠨ ᠲᠤᠯᠠ ᠬᠡᠭᠦᠷ ᠪᠠ ᠲᠣᠯᠣᠭᠠᠢ ᠲᠠᠢ ᠲᠡᠭᠦᠨ ᠦ᠌ ᠡᠪᠦᠭᠡᠳ ᠦ᠋ᠨ ᠬᠡᠭᠦᠷ ᠲᠣᠷ ᠠᠪᠠᠴᠢᠵᠤ ᠣᠷᠣᠰᠢᠭᠤᠯ ᠭᠡᠮᠡᠨ ᠵᠠᠬᠢᠵᠤ᠂ ᠰᠠᠶᠢ ᠣᠯᠠᠨ ᠲᠦᠰᠢᠮᠡᠳ ᠦ᠋ᠨ ᠭᠠᠪᠢᠶ᠎ᠠ ᠶ᠋ᠢ ᠢᠯᠭᠠᠰᠤᠭᠠᠢ ᠬᠡᠮᠡᠲᠡᠯ᠎ᠡ ᠸᠠᠩᠭᠦᠪ ᠦ᠋ᠨ ᠲᠠᠴᠢᠩᠬᠤᠷᠯᠤ᠂ ᠲᠠᠪᠢᠨ ᠨᠠᠰᠤ ᠭᠠᠷᠤᠭᠰᠠᠨ ᠨᠢᠭᠡᠨ ᠥᠨᠳᠥᠷ ᠦᠰᠦᠲᠦ ᠬᠥᠮᠦᠨ ᠢ᠋ ᠲᠦᠯᠬᠢᠵᠦ ᠠᠴᠢᠷᠠᠵᠤ ᠰᠥᠭᠥᠳᠬᠡᠨ ᠮᠡᠳᠡᠭᠦᠯᠦᠷᠦᠨ : 《ᠡᠨᠡ ᠪᠣᠯᠪᠠᠰᠤ ᠨᠠᠢ᠍ᠮᠠᠨ ᠤ᠋ ᠸᠧᠢ ᠦ ᠤᠯᠤᠰ ᠤ᠋ᠨ ᠳ᠋ᠠᠳᠠᠲᠤᠩᠭ᠎ᠠ ᠮᠥᠨ᠂ ᠲᠠᠢᠶᠠᠩ ᠬᠠᠭᠠᠨ ᠡᠭᠦᠨ ᠢ᠋ ᠪᠡᠶ᠎ᠡ ᠪᠡᠷ ᠵᠠᠯᠠᠨ ᠠᠪᠴᠢᠷᠠᠵᠤ ᠪᠠᠭ᠍ᠰᠢ ᠶ᠋ᠢᠨ ᠶᠣᠰᠣᠭᠠᠷ ᠬᠦᠨᠳᠦᠯᠡᠵᠦ ᠤᠯᠤᠰ ᠤ᠋ᠨ ᠠᠯᠲᠠᠨ ᠲᠠᠮᠠᠭ᠎ᠠ ᠶ᠋ᠢ ᠡᠭᠦᠨ ᠳ᠋ᠦ᠍ᠷ ᠪᠠᠷᠢᠭᠤᠯᠤᠨ᠂ ᠤᠯᠤᠰ ᠤ᠋ᠨ ᠣᠷᠣᠬᠤ ᠭᠠᠷᠬᠤ ᠪᠠ ᠰᠠᠩ ᠬᠥᠮᠥᠷᠭᠡ ᠶ᠋ᠢ ᠴᠥᠮ ᠡᠭᠦᠨ ᠳ᠋ᠦ᠍ᠷ ᠲᠤᠰᠢᠶᠠᠵᠤ ᠬᠠᠮᠢᠶᠠᠷᠤᠭᠤᠯᠪᠠ᠃ ᠮᠠᠨ ᠤ᠋ ᠴᠡᠷᠢᠭ ᠬᠣᠷᠣᠭ᠎ᠠ ᠶ᠋ᠢ ᠪᠤᠯᠢᠶᠠᠭᠰᠠᠨ ᠳ᠋ᠤᠷ ᠰᠥᠨᠢ ᠡᠨᠡ ᠠᠯᠲᠠᠨ ᠲᠠᠮᠠᠭ᠎ᠠ ᠶ᠋ᠢ ᠡᠪᠦᠷᠯᠡᠵᠦ ᠤᠷᠭᠤᠬᠤᠢ ᠳ᠋ᠤᠷ ᠮᠠᠨ ᠤ᠋ ᠴᠡᠷᠢᠭ ᠪᠠᠷᠢᠵᠤ ᠠᠪᠴᠢᠷᠠᠪᠠ᠃ ᠵᠢᠴᠢ ᠡᠨᠡ ᠤᠯᠤᠰ ᠤ᠋ᠨ ᠨᠡᠢᠲᠡ ᠤᠯᠤᠰ ᠠᠯᠪᠠᠲᠤ᠂ ᠬᠢᠲᠠᠳ ᠢᠷᠭᠡᠨ ᠪᠦᠭᠦᠳᠡ ᠶ᠋ᠢᠨ ᠵᠠᠷᠭᠤ ᠵᠠᠭᠠᠯᠢᠬᠠᠢ ᠶ᠋ᠢ ᠢᠯᠭᠠᠭᠴᠢ ᠵᠥᠪᠯᠡᠯ ᠦ᠋ᠨ ᠰᠠᠢᠳ ᠮᠥᠩᠭᠥᠯᠵᠢ᠂ ᠡᠵᠡᠨ ᠦ᠌ ᠴᠡᠷᠢᠭ ᠣᠷᠳᠣᠨ ᠳ᠋ᠤᠷ ᠣᠷᠣᠭᠰᠠᠨ ᠢ᠋ ᠦᠵᠡᠭᠡᠳ ᠲᠡᠳᠡᠨ ᠦ᠌ ᠲᠠᠬᠢᠯᠭ᠎ᠠ ᠶ᠋ᠢᠨ ᠰᠦᠮ᠎ᠡ ᠳ᠋ᠦ᠍ᠷ ᠮᠥᠷᠭᠥᠰᠦᠭᠡᠢ ᠭᠡᠮᠡᠨ ᠬᠠᠷᠰᠢ ᠶ᠋ᠢᠨ ᠡᠮᠦᠨ᠎ᠡ ᠢᠨᠦ ᠰᠥᠭᠥᠳᠴᠦ ᠬᠦᠵᠦᠭᠦᠦ ᠪᠡᠨ ᠣᠭᠲᠣᠯᠵᠤ ᠦᠬᠦᠪᠡ᠃ ᠲᠦᠰᠢᠮᠡᠯ ᠪᠢ ᠦᠵᠡᠪᠡᠰᠦ ᠰᠢᠳᠤᠷᠭᠤ ᠲᠦᠰᠢᠮᠡᠯ ᠲᠤᠯᠠ ᠡᠵᠡᠨ ᠦ᠌ ᠠᠢᠯᠠᠳᠬᠤᠢ ᠶ᠋ᠢ ᠬᠦᠯᠢᠶᠡᠯᠭᠡᠵᠦ ᠬᠡᠭᠦᠷ ᠶᠠᠰᠤ ᠶ᠋ᠢ ᠬᠥᠳᠡᠯᠭᠡᠭᠰᠡᠨ ᠦᠭᠡᠢ ᠰᠠᠬᠢᠵᠤ ᠪᠣᠢ᠃ 》 ᠬᠡᠮᠡᠭᠰᠡᠨ ᠳ᠋ᠦ᠍ᠷ ᠲᠠᠢᠽᠦ ᠶᠡᠬᠡᠯ᠎ᠡ ᠰᠣᠴᠢᠨ ᠭᠠᠢᠬᠠᠵᠤ ᠶᠢᠰᠦᠨ ᠡᠩ ᠦ᠋ᠨ ᠣᠯᠠᠨ ᠲᠦᠰᠢᠮᠡᠳ ᠪᠠ ᠳᠡᠭᠦᠦ ᠨᠠᠷ ᠬᠡᠦᠬᠡᠳ ᠢ᠋ᠶ᠋ᠡᠨ ᠴᠥᠮ ᠳᠠᠭᠠᠭᠤᠯᠤᠨ ᠡᠴᠢᠵᠦ ᠥᠪᠡᠷ ᠦ᠋ᠨ ᠭᠠᠷ ᠢ᠋ᠶ᠋ᠠᠷ ᠠᠷᠢᠬᠢ ᠰᠠᠴᠤᠵᠤ ᠡᠨᠡᠷᠢᠩᠭᠦᠢ ᠴᠢᠷᠠᠢ ᠪᠠᠷ ᠡᠢᠨ ᠥᠭᠦᠯᠡᠷᠦᠨ : 
                ᠬᠠᠢᠷᠠᠬᠠᠨ ᠨᠢᠭᠡᠨ ᠦᠶ᠎ᠡ ᠶ᠋ᠢᠨ ᠲᠠᠰᠤᠷᠬᠠᠢ ᠰᠢᠳᠤᠷᠭᠤ ᠵᠢᠷᠤᠮᠲᠠᠨ 
                ᠬᠠᠭᠠᠨ ᠢ᠋ᠶ᠋ᠠᠨ ᠡᠮᠦᠨ᠎ᠡ ᠰᠡᠳᠬᠢᠯ ᠢ᠋ᠶ᠋ᠡᠨ ᠭᠦᠢᠴᠡᠳᠬᠡᠨ ᠦᠬᠦᠭᠰᠡᠨ ᠢᠨᠦ᠂ 
                ᠬᠠᠮᠤᠭ ᠪᠦᠭᠦᠳᠡ ᠰᠠᠢᠳ ᠲᠦᠰᠢᠮᠡᠳ ᠲᠣᠷ ᠡᠷᠬᠢᠮ ᠪᠣᠯᠤᠭᠰᠠᠨ ᠴᠢ  
                ᠬᠠᠯᠠᠬᠠᠢ ᠬᠥᠭᠡᠷᠦᠬᠦᠢ ᠲᠠᠬᠢᠮᠳᠠᠭᠤ ᠰᠡᠳᠬᠢᠯᠲᠦ ᠬᠥᠪᠡᠭᠦᠨ ᠡᠴᠡ ᠬᠡᠲᠦᠷᠡᠵᠦᠬᠦᠢ᠃ 
                ᠬᠠᠢᠷᠠᠯᠠᠭᠴᠢ ᠨᠠᠳᠠ ᠳ᠋ᠤᠷ ᠠᠭᠤᠯᠵᠠᠨ ᠤᠴᠠᠷᠠᠵᠤ ᠵᠢᠳᠬᠦᠭᠰᠡᠨ ᠴᠦ᠍ ᠪᠣᠯᠤᠭᠠᠰᠠᠢ ᠴᠢ 
                ᠬᠠᠰ ᠶᠡᠬᠡ ᠲᠥᠷᠥ ᠶ᠋ᠢᠨ ᠬᠠᠭᠠᠰ ᠮᠥᠷᠥ ᠪᠣᠯᠬᠤ ᠪᠥᠯᠥᠭᠡ᠂ 
                ᠬᠠᠮᠠᠭᠠᠯᠠᠯ ᠢᠳᠬᠠᠭᠴᠢ ᠶ᠋ᠢ ᠦᠯᠦ ᠮᠡᠳᠡᠬᠦ ᠡᠨᠡ ᠤᠯᠤᠰ ᠲᠤᠷ 
                ᠬᠠᠯᠠᠰᠢᠷᠠᠨ ᠭᠠᠰᠢᠭᠤᠳᠠᠭᠰᠠᠭᠠᠷ ᠦᠬᠦᠭᠰᠡᠨ 
                ᠬᠠᠯᠠᠰᠢ ᠦᠭᠡᠢ ᠵᠣᠷᠢᠭ᠍ᠲᠤ ᠲᠦᠰᠢᠮᠡᠯ ᠪᠤᠶᠤ ! 
ᠭᠡᠮᠡᠨ ᠡᠷᠭᠦᠮᠵᠢᠯᠡᠭᠡᠳ《ᠲᠡᠭᠦᠨ ᠦ᠌ ᠪᠡᠶ᠎ᠡ ᠶ᠋ᠢ ᠦᠷ᠎ᠡ ᠠᠴᠢ ᠪᠠᠷ ᠠᠨᠤ ᠬᠤᠷᠢᠶᠠᠮᠵᠢᠯᠠᠭᠤᠯᠵᠤ᠂ ᠲᠠᠢᠶᠠᠩ ᠬᠠᠭᠠᠨ ᠤ᠋ ᠪᠠᠭ᠎ᠠ ᠬᠥᠪᠡᠭᠦᠨ ᠮᠥᠩᠭᠥᠨ ᠲᠣᠯᠢ ᠪᠠᠷ ᠠᠷᠢᠬᠢ ᠳᠤᠰᠤᠭᠠᠯᠭᠠᠵᠤ᠂ ᠡᠪᠦᠭᠡᠳ ᠦ᠋ᠨ ᠬᠡᠭᠦᠷ ᠲᠣᠷ ᠢᠨᠦ ᠣᠷᠣᠰᠢᠭᠤᠯᠤᠭᠤᠯᠵᠤ᠂ ᠪᠠᠰᠠ ᠡᠭᠦᠨ ᠦ᠌ ᠳᠦᠷᠰᠦ ᠶ᠋ᠢ ᠰᠢᠷᠣᠢ ᠪᠠᠷ ᠪᠦᠲᠡᠭᠡᠯᠭᠡᠨ᠂ ᠮᠥᠨ ᠡᠨᠳᠡ ᠡᠨᠡ ᠰᠦᠮ᠎ᠡ ᠳ᠋ᠦ᠍ᠷ ᠲᠡᠭᠦᠨ ᠦ᠌ ᠳᠡᠭᠡᠳᠦ ᠤᠯᠤᠰ ᠤ᠋ᠨ ᠡᠵᠡᠨ ᠦ᠌ ᠳᠡᠷᠭᠡᠳᠡ ᠢᠨᠦ ᠵᠣᠭᠰᠣᠯᠭ᠎ᠠ᠂ ᠵᠢᠷᠤᠮ ᠠᠨᠤ ᠲᠡᠳᠡᠨ ᠦ᠌ ᠡᠵᠡᠨ ᠳ᠋ᠡᠭᠡᠨ ᠭᠦᠢᠴᠡᠳᠬᠡᠪᠡ᠂ ᠥᠷᠥᠰᠢᠶᠡᠯ ᠢᠨᠦ ᠮᠢᠨᠦ ᠬᠦᠷᠲᠡᠭᠡᠭᠰᠡᠨ ᠪᠣᠯᠲᠤᠭᠠᠢ ! 》 ᠭᠡᠮᠡᠨ ᠣᠷᠳᠣᠨ ᠳ᠋ᠤᠷ ᠡᠭᠡᠵᠦ᠂ ᠳ᠋ᠠᠳᠠᠳᠤᠩᠭ᠎ᠠ ᠠ᠋ᠴᠠ ᠠᠰᠠᠭᠤᠷᠤᠨ :《ᠲᠠᠨ ᠤ᠋ ᠨᠠᠢ᠍ᠮᠠᠨ ᠤᠯᠤᠰ ᠤ᠋ᠨ ᠡᠵᠡᠨ ᠴᠠᠭ ᠢ᠋ ᠰᠥᠷᠴᠦ ᠥᠪᠡᠷ ᠦ᠋ᠨ ᠤᠭᠰᠠᠭ᠎ᠠ ᠳ᠋ᠤᠷ ᠪᠡᠶ᠎ᠡ ᠮᠥᠬᠥᠭᠡᠳ ᠤᠯᠤᠰ ᠲᠥᠷᠥ ᠭᠠᠵᠠᠷ ᠣᠷᠣᠨ ᠠᠷᠠᠳ ᠢᠷᠭᠡᠨ ᠨᠠᠷ ᠨᠢᠭᠡᠨᠲᠡ ᠮᠢᠨᠦ ᠪᠣᠯᠤᠭᠰᠠᠨ ᠪᠥᠭᠡᠲᠡᠯ᠎ᠡ ᠴᠢ ᠭᠠᠭᠴᠠ ᠲᠡᠷᠡ ᠲᠠᠮᠠᠭ᠎ᠠ ᠶ᠋ᠢ ᠠᠪᠴᠤ ᠬᠠᠮᠢᠭᠠᠰᠢ ᠡᠴᠢᠰᠦᠭᠡᠢ ᠬᠡᠮᠡᠭᠰᠡᠨ ᠪᠣᠢ ? 》 ᠬᠡᠮᠡᠬᠦᠢ ᠳ᠋ᠦ᠍ᠷ ᠳ᠋ᠠᠳᠠᠳᠤᠩᠭ᠎ᠠ ᠮᠡᠳᠡᠭᠦᠯᠦᠷᠦᠨ : 《ᠶᠡᠬᠡ ᠥᠷᠥᠰᠢᠶᠡᠯᠲᠦ ᠡᠵᠡᠨ ᠢ᠋ᠶ᠋ᠡᠨ ᠲᠤᠰᠢᠶᠠᠭᠰᠠᠨ ᠢ᠋ ᠠᠮᠢ ᠯᠤᠭ᠎ᠠ ᠪᠠᠨ ᠬᠣᠯᠪᠣᠨ ᠬᠠᠲᠠᠵᠤ ᠤᠷᠭᠤᠨ ᠭᠠᠷᠴᠤ ᠡᠴᠢᠭᠡᠳ ᠠᠯᠲᠠᠨᠱᠠᠭ᠎ᠠ ᠨᠡᠷᠡᠲᠦ ᠪᠠᠭ᠎ᠠ ᠡᠵᠡᠨ ᠳ᠋ᠦ᠍ᠷ ᠢ᠋ᠶ᠋ᠡᠨ ᠲᠤᠰᠢᠶᠠᠨ᠂ ᠠᠯᠳᠠᠭᠰᠠᠨ ᠤᠯᠤᠰ ᠢ᠋ ᠳᠠᠬᠢᠨ ᠪᠠᠢᠭᠤᠯᠰᠤᠭᠠᠢ ᠬᠡᠮᠡᠭᠰᠡᠨ ᠪᠥᠯᠥᠭᠡ ! 》 ᠬᠡᠮᠡᠬᠦᠢ ᠳ᠋ᠦ᠍ᠷ ᠲᠠᠢᠽᠦ ᠲᠡᠷᠢᠭᠦᠨ ᠳᠣᠬᠢᠵᠤ ᠮᠦᠰᠢᠶᠡᠵᠦ ᠡᠢᠨ ᠵᠠᠬᠢᠷᠤᠨ :   
                 ᠠᠯᠤᠰ ᠬᠣᠯᠠ ᠶᠡᠬᠡ ᠰᠠᠨᠠᠭᠠᠲᠤ ᠰᠠᠢᠳ  
                 ᠠᠳᠠᠪᠠᠰᠢ ᠬᠠᠷᠢᠨ ᠭᠠᠭᠴᠠ ᠰᠡᠳᠬᠢᠯ ᠲᠡᠢ ᠪᠠᠢᠨᠠᠮ᠃ 
                 ᠠᠪᠠᠢ ᠬᠠᠷᠢᠨ ᠡᠭᠦᠨ ᠢ᠋ ᠠᠪᠤᠷᠠᠵᠤ ᠪᠣᠯᠬᠤ ᠮᠡᠲᠦ  
                 ᠠᠯᠠᠬᠤ ᠶ᠋ᠢ ᠠᠨᠤ ᠰᠢᠭᠤᠳ ᠬᠡᠯᠲᠦᠷᠢᠭᠦᠯᠲᠦᠭᠡᠢ᠃ 
ᠭᠡᠮᠡᠨ ᠬᠦᠯᠢᠶᠡᠰᠦᠨ ᠢ᠋ ᠲᠠᠢᠯᠵᠤ᠂ ᠲᠡᠭᠦᠨ ᠡᠴᠡ ᠠᠰᠠᠭᠤᠷᠤᠨ : 《ᠡᠨᠡ ᠲᠠᠮᠠᠭ᠎ᠠ ᠶ᠋ᠢᠨ ᠬᠡᠷᠡᠭ ᠢᠨᠦ ᠶᠠᠭᠤᠨ ? 》 ᠬᠡᠮᠡᠪᠡᠰᠦ ᠳ᠋ᠠᠳᠠᠳᠤᠩᠭ᠎ᠠ ᠮᠥᠷᠭᠥᠵᠦ ᠮᠡᠳᠡᠭᠦᠯᠦᠷᠦᠨ : 《ᠡᠨᠡ ᠲᠠᠮᠠᠭ᠎ᠠ ᠬᠡᠮᠡᠭᠴᠢ ᠰᠠᠩ ᠬᠥᠮᠥᠷᠭᠡ ᠶ᠋ᠢᠨ ᠡᠳ᠋ ᠠᠭᠤᠷᠠᠰᠤᠨ ᠪᠠ ᠣᠯᠠᠨ ᠤᠯᠤᠰ ᠲᠤᠷ ᠲᠤᠩᠬᠠᠭ ᠵᠠᠷᠯᠠᠬᠤᠢ ᠳ᠋ᠤᠷ ᠰᠠᠢᠨ ᠬᠥᠮᠦᠨ ᠳ᠋ᠦ᠍ᠷ ᠪᠠᠷᠢᠭᠤᠯᠵᠤ ᠢᠲᠡᠭᠡᠯᠲᠡᠢ ᠲᠡᠮᠳᠡᠭ ᠪᠣᠯᠭᠠᠮᠤᠢ᠃ 》 ᠬᠡᠮᠡᠭᠰᠡᠨ ᠳ᠋ᠦ᠍ᠷ ᠲᠠᠢᠽᠦ ᠥᠴᠢᠷᠳ : 《ᠠᠯᠲᠠᠨ ᠤᠯᠤᠰ ᠠ᠋ᠴᠠ ᠨᠠᠳᠠ ᠳ᠋ᠤᠷ ᠮᠥᠨ ᠬᠦ᠌ ᠠᠳᠠᠯᠢ ᠬᠦᠷᠭᠡᠭᠰᠡᠨ ᠢ᠋ ᠪᠢ ᠬᠥᠮᠦᠨ ᠦ᠌ ᠪᠡᠶ᠎ᠡ ᠪᠠᠲᠤ ᠦᠭᠡᠢ ᠪᠣᠯᠪᠠᠰᠤ ᠲᠠᠮᠠᠭ᠎ᠠ ᠲᠡᠮᠳᠡᠭ ᠢ᠋ᠶ᠋ᠡᠷ ᠪᠠᠲᠤ ᠪᠣᠯᠭᠠᠵᠤ ᠪᠣᠯᠤᠮᠤᠢ ᠤᠤ ?  ᠭᠡᠮᠡᠨ ᠠᠪᠤᠭᠰᠠᠨ ᠦᠭᠡᠢ᠂ ᠡᠳᠦᠭᠡ ᠦᠵᠡᠰᠡ ᠲᠠᠮᠠᠭ᠎ᠠ ᠬᠡᠮᠡᠭᠴᠢ ᠡᠵᠡᠨ ᠦ᠌ ᠲᠡᠮᠳᠡᠭ ᠢ᠋ ᠢᠷᠭᠡᠨ ᠳ᠋ᠦ᠍ᠷ ᠦᠵᠡᠭᠦᠯᠬᠦ ᠰᠢᠯᠲᠠᠭᠠᠨ ᠪᠣᠢ ‍ᠶ᠎ᠠ ! 》 ᠭᠡᠮᠡᠨ ᠲᠡᠳᠦᠢ ᠳ᠋ᠠᠳᠠᠳᠤᠩᠭ᠎ᠠ ᠶ᠋ᠢ ᠰᠠᠢᠰᠢᠶᠠᠨ ᠳᠡᠷᠭᠡᠳᠡ ᠪᠡᠨ ᠶᠠᠪᠤᠭᠤᠯᠵᠤ᠂ ᠠᠯᠢᠪᠠ ᠵᠠᠷᠯᠠᠬᠤ ᠪᠠ ᠤᠬᠠᠭᠤᠯᠬᠤ ᠲᠤᠩᠬᠠᠭ ᠲᠤᠷ ᠲᠠᠮᠠᠭ᠎ᠠ ᠳᠠᠷᠤᠬᠤ ᠶ᠋ᠢ ᠴᠥᠮ ᠳ᠋ᠠᠳᠠᠳᠤᠩᠭ᠎ᠠ ᠳ᠋ᠤᠷ ᠲᠤᠰᠢᠶᠠᠪᠠ᠃ ᠳᠠᠷᠤᠢ ᠵᠠᠬᠢᠶ᠎ᠠ ᠪᠠᠭᠤᠯᠭᠠᠵᠤ《ᠳᠠᠢᠶᠠᠩ ᠬᠠᠭᠠᠨ ᠤ᠋ ᠭᠡᠷ ᠦ᠋ᠨ ᠠᠮᠠᠨ ᠳ᠋ᠤᠷ ᠬᠡᠷᠡᠢᠳ ᠦ᠋ᠨ ᠠᠢᠮᠠᠭ ᠠ᠋ᠴᠠ ᠬᠣᠶᠠᠷ ᠵᠠᠭᠤᠨ ᠬᠥᠮᠦᠨ ᠥᠭᠴᠦ ᠵᠠᠷᠤᠭᠳᠠᠭᠤᠯ᠂ ᠠᠯᠠᠬᠤ ᠪᠤᠯᠠᠬᠤ ᠪᠤᠯᠢᠶᠠᠬᠤ ᠲᠠᠪᠴᠢᠯᠠᠬᠤᠢ ᠳ᠋ᠤᠷ ᠪᠢᠲᠡᠭᠡᠢ ᠬᠦᠷᠭᠦᠯ᠃ ᠵᠢᠴᠢ ᠨᠠᠢ᠍ᠮᠠᠨ ᠤ᠋ ᠣᠯᠠᠨ ᠴᠡᠷᠢᠭ ᠦ᠋ᠨ ᠳᠤᠷ᠎ᠠ ᠶ᠋ᠢ ᠠᠰᠠᠭᠤᠵᠤ ᠴᠡᠷᠢᠭ ᠪᠣᠯᠭᠠᠨ ᠠᠯᠪᠠᠨ᠎ᠠ ᠠᠪ ! 》 ᠬᠡᠮᠡᠭᠰᠡᠨ ᠳ᠋ᠦ᠍ᠷ ᠲᠠᠢᠽᠦ ᠶ᠋ᠢᠨ ᠡᠨᠡ ᠭᠤᠷᠪᠠᠨ ᠵᠦᠢᠯ ᠦ᠋ᠨ ᠶᠠᠪᠤᠳᠠᠯ ᠳ᠋ᠤᠷ ᠤᠯᠤᠰ ᠤ᠋ᠨ ᠳᠣᠲᠣᠷ᠎ᠠ ᠪᠠᠶᠠᠷᠯᠠᠯᠴᠠᠨ ᠳᠠᠭᠤᠳᠠᠯᠴᠠᠬᠤ ᠶ᠋ᠢ ᠵᠢᠨᠦᠩ ᠮᠤᠬᠤᠯᠢ ᠪᠡᠶ᠎ᠡ ᠪᠡᠷ ᠭᠠᠷᠴᠤ ᠰᠣᠨᠣᠰᠤᠨ ᠡᠢᠨ ᠬᠦ᠌ ᠲᠣᠭᠲᠠᠭᠠᠵᠤ ᠪᠣᠯᠬᠤ ᠶ᠋ᠢ ᠮᠡᠳᠡᠭᠡᠳ ᠳᠡᠢᠯᠦᠭᠰᠡᠨ ᠪᠠᠶᠠᠷ ᠤ᠋ᠨ ᠳᠤᠮᠳᠠ ᠡᠳᠦᠷ ᠦ᠋ᠨ ᠬᠤᠷᠢᠮ ᠳ᠋ᠤᠷ ᠡᠵᠡᠨ ᠦ᠌ ᠬᠦᠷᠲᠡᠭᠡᠭᠰᠡᠨ ᠶᠠᠭᠤᠮ᠎ᠠ ᠶ᠋ᠢ ᠤᠭ ᠬᠡᠪ ᠢ᠋ᠶ᠋ᠡᠷ ᠰᠢᠷᠡᠭᠡᠨ ᠦ᠌ ᠳᠡᠭᠡᠷ᠎ᠡ ᠳᠠᠮᠨᠠᠭᠤᠯᠵᠤ ᠠᠴᠢᠷᠠᠨ᠂ ᠥᠪᠡᠷ ᠢ᠋ᠶ᠋ᠡᠨ ᠪᠠᠰᠠ ᠨᠢᠭᠡᠨ ᠲᠠᠪᠰᠢ ᠳ᠋ᠤᠷ ᠰᠢᠷ᠎ᠠ ᠭᠬᠢᠪ ᠢ᠋ᠶ᠋ᠡᠷ ᠪᠠᠭᠯᠠᠭᠰᠠᠨ ᠠᠩᠬ᠎ᠠ ᠤᠳᠠᠭ᠎ᠠ ᠬᠡᠷᠡᠢᠳ ᠮᠥᠬᠥᠬᠦᠢ ᠶ᠋ᠢᠨ ᠦᠶ᠎ᠡ ᠳ᠋ᠦ᠍ᠷ ᠪᠠᠷᠢᠭ᠍ᠰᠠᠨ ᠠᠯᠲᠠᠨ ᠰᠢᠷᠬᠡᠭᠲᠦ ᠲᠣᠷᠭᠠᠨ ᠭᠤᠲᠤᠯ ᠢ᠋ ᠠᠪᠴᠢᠷᠠᠵᠤ ᠪᠠᠷᠢᠭ᠍ᠰᠠᠨ᠎ᠠ᠂ ᠲᠠᠢᠽᠦ ᠮᠠᠰᠢᠳᠠ ᠮᠦᠰᠢᠶᠡᠭᠡᠳ ᠬᠦᠯᠢᠶᠡᠨ ᠠᠪᠴᠤ ᠨᠥᠭᠥᠭᠡ ᠥᠷᠥᠭᠡᠰᠦᠨ ᠢ᠋ ᠠᠴᠢᠷᠠᠭᠤᠯᠤᠨ ᠪᠠᠰᠠ ᠡᠮᠦᠰᠬᠦ ᠦᠭᠡᠢ ᠳ᠋ᠦ᠍ᠷ ᠮᠤᠬᠤᠯᠢ ᠮᠥᠷᠭᠥᠵᠦ ᠣᠳᠣ ᠡᠮᠦᠰᠴᠦ ᠪᠣᠯᠤᠮᠤᠢ ᠭᠡᠮᠡᠨ ᠮᠡᠳᠡᠭᠦᠯᠵᠦ ᠣᠯᠠᠨ ᠲᠦᠰᠢᠮᠡᠳ ᠢ᠋ ᠠᠪᠴᠤ ᠪᠤᠭᠤᠷᠵᠢ ᠮᠤᠬᠤᠯᠢ ᠬᠣᠶᠠᠭᠤᠯᠠ ᠬᠣᠣᠰ ᠬᠤᠨᠳᠠᠭ᠎ᠠ ᠶ᠋ᠢᠨ ᠠᠷᠢᠬᠢ ᠪᠠᠷᠢᠵᠤ ᠳᠥᠷᠪᠡᠨ ᠳᠡᠭᠦᠦ᠂ ᠳᠥᠷᠪᠡᠨ ᠬᠦᠯᠦᠭ᠂ ᠵᠢᠷᠭᠤᠭᠠᠨ ᠰᠠᠢᠳ ᠶᠢᠰᠦᠨ ᠡᠩ ᠪᠦᠭᠦᠳᠡᠭᠡᠷ ᠪᠡᠯᠭᠡᠯᠡᠷᠦᠨ᠄ 
                ᠡᠷᠲᠡᠨ ᠦ᠌ ᠡᠩ ᠲᠡᠷᠢᠭᠦᠨ ᠲᠡᠭᠷᠢ ᠶ᠋ᠢᠨ ᠬᠥᠪᠡᠭᠦᠨ  
                ᠡᠷᠡᠯᠬᠡᠭ ᠪᠠᠭᠠᠲᠤᠷ ᠪᠥᠷᠲᠡ ᠴᠢᠨᠣ᠎ᠠ ᠪᠣᠭᠳᠠ ᠠ᠋ᠴᠠ 
                ᠡᠨᠡᠷᠢᠯ ᠥᠷᠥᠰᠢᠶᠡᠯ ᠬᠣᠣᠰ ᠪᠦᠷᠢᠳᠦᠭᠰᠡᠨ 
                ᠡᠵᠡᠨ ᠦ᠌ ᠡᠨᠡ ᠪᠡᠶ᠎ᠡ ᠡᠷᠳᠡᠨᠢᠲᠦ ᠴᠣᠭᠴᠠ ᠳ᠋ᠤᠷ ᠬᠦᠷᠲᠡᠯ᠎ᠡ 
                ᠡᠳᠦᠭᠡᠬᠢ ᠬᠣᠭᠣᠷᠣᠨᠳᠣ ᠬᠣᠷᠢᠨ ᠳᠥᠷᠪᠡᠨ ᠦᠶ᠎ᠡ ᠪᠣᠯᠵᠤ 
                ᠡᠷᠬᠡ ᠪᠡᠷ ᠪᠣᠯᠭᠠᠭᠴᠢ ᠡᠵᠡᠨ ᠴᠢᠮᠠᠢ ᠮᠡᠨᠳᠦᠯᠡᠭᠡᠳ 
                ᠡᠷᠡᠮᠡᠬᠡᠢ ᠰᠥᠷᠭᠡᠦ ᠣᠯᠠᠨ ᠠᠢᠮᠠᠭ ᠤ᠋ᠳ ᠢ᠋ ᠬᠤᠷᠢᠶᠠᠮᠵᠢᠯᠠᠭᠠᠳ 
                ᠡᠨᠡ ᠡᠳᠦᠷ ᠣᠳᠣ ᠵᠣᠭᠰᠣᠯᠲᠠ ᠶ᠋ᠢ ᠣᠯᠪᠠ᠃ 
                ᠡᠢᠮᠦ ᠶ᠋ᠢᠨ ᠲᠤᠯᠠ ᠡᠷᠳᠡᠨᠢ ᠠᠯᠲᠠᠲᠤ ᠭᠤᠲᠤᠯ ᠢ᠋ 
                ᠡᠷᠭᠦᠨ ᠪᠠᠷᠢᠵᠤ ᠠᠶ᠎ᠠ ᠪᠦᠭᠦᠳᠡᠭᠡᠷ ᠪᠡᠯᠭᠡᠯᠡᠮᠦᠢ᠃ 
                ᠡᠳᠦᠷ ᠪᠦᠷᠢ ᠡᠮᠦᠰᠬᠦ ᠭᠤᠲᠤᠯ ᠢ᠋ ᠦᠵᠡᠪᠡᠰᠦ᠂ 
                ᠡᠭᠦᠨᠴᠡ ᠣᠳᠣ ᠶᠡᠬᠡ ᠲᠥᠷᠥ ᠶ᠋ᠢ ᠪᠦᠲᠦᠭᠡᠬᠦ ᠶ᠋ᠢ ᠰᠡᠳᠬᠢᠨ 
                ᠡᠷᠬᠡ ᠳᠤᠷ᠎ᠠ ᠠᠯᠵᠠᠭᠤ ᠵᠠᠯᠬᠠᠭᠤ ᠶ᠋ᠢ ᠲᠡᠪᠴᠢᠵᠦ᠂ 
                ᠡᠷᠲᠡ ᠮᠠᠨᠠᠭᠠᠷ ᠵᠠᠯᠭᠠᠯᠳᠤᠨ ᠴᠢᠷᠮᠠᠢᠵᠤ ᠵᠢᠳᠬᠦᠭᠰᠡᠭᠡᠷ 
                ᠡᠷᠳᠡᠨᠢ ᠶ᠋ᠢᠨ ᠲᠥᠷᠥ ᠶ᠋ᠢ ᠡᠷᠬᠡ ᠦᠭᠡᠢ ᠪᠦᠲᠦᠭᠡᠭᠡᠳ 
                ᠡᠪᠳᠡᠷᠡᠰᠢ ᠦᠭᠡᠢ ᠲᠦᠮᠡᠨ ᠣᠨ ᠮᠠᠨᠳᠤᠲᠤᠭᠠᠢ! 
ᠭᠡᠮᠡᠨ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠨ ᠶᠡᠬᠡ ᠬᠤᠷᠢᠮ ᠬᠤᠷᠢᠮᠯᠠᠵᠤ᠂ ᠡᠳᠦᠭᠡ ᠳᠠᠭᠠᠭᠰᠠᠨ ᠶᠢᠰᠦᠨ ᠠᠢᠮᠠᠭ ᠤᠯᠤᠰ ᠢ᠋ ᠮᠥᠨ ᠴᠥᠮ ᠱᠠᠩᠨᠠᠪᠠ᠂ ᠶᠢᠰᠦᠨ ᠠᠢᠮᠠᠭ ᠤᠯᠤᠰ ᠬᠡᠮᠡᠭᠴᠢ : ᠲᠡᠷᠢᠭᠦᠨ ᠳ᠋ᠦ᠍ᠷ ᠨᠠᠶᠠᠬᠠᠨ ᠠᠢᠮᠠᠭ᠂ ᠬᠣᠶᠠᠷ ᠲᠤ᠌ ᠦᠯᠡᠳᠡᠭᠰᠡᠨ ᠭᠡᠷᠡᠢ᠍ᠢᠳ ᠠᠢᠮᠠᠭ ᠤ᠋ᠨ ᠠᠯᠢᠶ᠎ᠠ ᠭᠤᠷᠪᠠᠨ ᠳ᠋ᠤᠷ ᠪᠠᠶᠠᠴᠠᠷ ᠠᠢᠮᠠᠭ ᠤ᠋ᠨ ᠪᠣᠳᠣᠩ᠂ ᠳᠥᠷᠪᠡᠨ ᠳ᠋ᠦ᠍ᠷ ᠲᠥᠯᠥᠪᠡᠨ ᠠᠢᠮᠠᠭ ᠤ᠋ᠨ ᠭᠠᠯᠵᠠᠭᠤ ᠪᠤᠬ᠎ᠠ᠂ ᠲᠠᠪᠤᠨ ᠳ᠋ᠤᠷ ᠲᠠᠲ᠋ᠠᠷ ᠠᠢᠮᠠᠭ ᠤ᠋ᠨ ᠮᠡᠨᠡᠭ᠂ ᠵᠢᠷᠭᠤᠭ᠎ᠠ ᠳ᠋ᠤᠷ ᠬᠠᠳᠠᠴᠠᠨ ᠠᠢᠮᠠᠭ ᠤ᠋ᠨ ᠵᠣᠯᠢ᠂ ᠳᠣᠯᠣᠭᠠᠨ ᠳ᠋ᠤᠷ ᠱᠠᠯᠵᠢᠭᠤᠳ ᠠᠢᠮᠠᠭ ᠤ᠋ᠨ ᠮᠠᠨᠢᠷ᠂ ᠨᠠᠢ᠍ᠮᠠᠨ ᠳ᠋ᠤᠷ ᠸᠠᠩᠭᠦᠪ ᠠᠢᠮᠠᠭ ᠤ᠋ᠨ ᠳᠠᠴᠢᠩᠬᠤᠷᠯᠤ᠂ ᠶᠢᠰᠦ ᠳ᠋ᠦ᠍ᠷ ᠪᠦᠲᠦᠨ᠎ᠡ ᠶ᠋ᠢᠨ ᠢᠯᠠᠭᠤᠭᠰᠠᠨ ᠡᠨᠡ ᠶᠢᠰᠦᠨ ᠠᠢᠮᠠᠭ ᠪᠤᠶᠤ᠃ ᠮᠠᠢᠯᠵᠢ ᠠᠢᠮᠠᠭ ᠤ᠋ᠨ ᠲᠣᠳᠣ᠂ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ ᠡᠨᠡ ᠬᠣᠶᠠᠷ ᠤᠷᠭᠤᠨ ᠭᠠᠷᠴᠤᠬᠤᠢ᠃ ᠡᠭᠦᠨ ᠦ᠌ ᠳᠣᠲᠣᠭᠠᠳᠤ ᠢᠯᠳᠡᠰᠢ ᠮᠥᠷᠡᠨ ᠢᠨᠦ ᠲᠤᠰ ᠬᠡᠳᠦᠨ ᠮᠢᠩᠭᠠᠨ ᠭᠠᠵᠠᠷ ᠬᠣᠯᠠ ᠪᠣᠢ᠂ ᠲᠡᠢᠨ ᠬᠦ᠌ ᠡᠨᠡ ᠲᠤᠬᠠᠢ ᠬᠣᠢᠲᠤ ᠭᠠᠵᠠᠷ ᠨᠢᠭᠡᠨ ᠪᠧᠲ᠋ᠠ᠋ ᠤᠯᠤᠰ ᠪᠣᠯᠪᠠ᠂ ᠡᠨᠡ ᠪᠠᠷᠠᠭᠤᠨ ᠯᠢᠶᠣᠤ ᠶ᠋ᠢᠨ ᠨᠠᠢ᠍ᠮᠠᠨ ᠢ᠋ ᠮᠥᠬᠥᠭᠡᠭᠰᠡᠨ ᠢᠨᠦ ᠰᠥᠩ ᠤᠯᠤᠰ ᠤ᠋ᠨ ᠨᠢᠩᠽᠦ᠋ᠩ ᠬᠠᠭᠠᠨ ᠤ᠋ ᠺᠠᠢ ᠰᠢ ᠬᠡᠮᠡᠬᠦ ᠬᠣᠶᠠᠳᠤᠭᠠᠷ ᠣᠨ ᠪᠥᠯᠥᠭᠡ᠃ 
       ᠲᠡᠨᠳᠡᠴᠡ ᠲᠠᠢᠽᠦ ᠶᠡᠬᠡ ᠱᠠᠩ ᠱᠠᠩᠨᠠᠨ ᠣᠯᠠᠨ ᠲᠦᠰᠢᠮᠡᠳ ᠵᠠᠩᠵᠤᠨ ᠨᠠᠷ ᠤ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠡᠷᠭᠦᠵᠦ ᠬᠥᠬᠢᠭᠦᠯᠬᠦᠶ᠎ᠡ᠂ ᠮᠤᠬᠤᠯᠢ ᠲᠠᠢᠽᠦ ᠶ᠋ᠢᠨ ᠤᠭ ᠱᠠᠩᠨᠠᠭᠰᠠᠨ ᠶᠢᠰᠦᠨ ᠵᠦᠢᠯ ᠦ᠋ᠨ ᠡᠷᠳᠡᠨᠢ ᠶ᠋ᠢ ᠵᠦᠢᠯ ᠳᠠᠷᠠᠭᠠᠯᠠᠨ ᠡᠷᠭᠦᠵᠦ ᠮᠡᠳᠡᠭᠦᠯᠦᠷᠦᠨ : 《ᠨᠠᠢ᠍ᠮᠠᠨ ᠤᠯᠤᠰ ᠢ᠋ ᠡᠪᠳᠡᠭᠰᠡᠨ ᠡᠨᠡ ᠶᠢᠰᠦᠨ ᠵᠦᠢᠯ ᠦ᠋ᠨ ᠡᠷᠳᠡᠨᠢ ᠶ᠋ᠢ ᠡᠵᠡᠨ ᠡᠷᠬᠡᠪᠰᠢ ᠬᠤᠷᠢᠶᠠᠵᠤ᠂ ᠡᠭᠦᠨ ᠢ᠋ᠶ᠋ᠡᠷ ᠶᠡᠬᠡ ᠰᠠᠩ ᠬᠥᠮᠥᠷᠭᠡ ᠶ᠋ᠢᠨ ᠡᠬᠡ ᠪᠡᠯᠡᠭ ᠵᠣᠬᠢᠷᠠᠭᠰᠠᠨ ᠡᠳ᠋ ᠪᠣᠯᠭᠠᠪᠠᠰᠤ ᠵᠣᠬᠢᠮᠤᠢ᠃ ᠡᠵᠡᠨ ᠦᠨᠡᠬᠡᠷ ᠡᠭᠡᠭᠦᠯᠦᠨ ᠡᠰᠡ ᠠᠪᠤᠪᠠᠰᠤ ᠥᠪᠡᠷ᠎ᠡ ᠵᠣᠯᠢᠵᠤ ᠭᠠᠷᠭᠠᠭᠠᠳ ᠡᠩ ᠪᠦᠷᠢ ᠶ᠋ᠢᠨ ᠲᠦᠰᠢᠮᠡᠳ ᠲᠣᠷ ᠡᠩᠭᠡᠷ ᠨᠡᠢᠲᠡ ᠲᠦᠭᠡᠭᠡᠨ ᠱᠠᠩᠨᠠᠮᠤ ! 》ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠵᠥᠪᠰᠢᠶᠡᠵᠦ ᠣᠶᠤᠲᠤ ᠰᠡᠴᠡᠨ᠂ ᠰᠠᠢᠬᠠᠨ ᠰᠤᠷᠲᠠᠯᠲᠤ ᠬᠣᠶᠠᠭᠤᠯᠠ ᠪᠠᠷ ᠥᠪᠡᠷ᠎ᠡ ᠵᠣᠯᠢᠭᠤᠯᠵᠤ᠂ ᠡᠨᠡ ᠤᠳᠠᠭ᠎ᠠ ᠶ᠋ᠢᠨ ᠲᠡᠷᠢᠭᠦᠨ ᠭᠠᠪᠢᠶ᠎ᠠ ᠬᠡᠨ ᠬᠡᠮᠡᠭᠰᠡᠨ ᠳ᠋ᠦ᠍ᠷ ᠮᠤᠬᠤᠯᠢ ᠮᠡᠳᠡᠭᠦᠯᠦᠷᠦᠨ :《ᠲᠡᠷᠢᠭᠦᠨ ᠭᠠᠪᠢᠶ᠎ᠠ ᠪᠤᠭᠤᠷᠵᠢ ᠪᠤᠭᠤᠷᠤᠯ ᠬᠣᠶᠠᠭᠤᠯᠠ – ᠨᠠᠢ᠍ᠮᠠᠨ ᠤ᠋ ᠡᠵᠡᠨ ᠢ᠋ ᠪᠠᠷᠢᠪᠠ᠂ ᠬᠣᠶᠠᠳᠤᠭᠠᠷ ᠭᠠᠪᠢᠶ᠎ᠠ ᠵᠠᠯᠮ᠎ᠠ ᠡᠵᠡᠨ ᠦ᠌ ᠥᠰᠲᠦ ᠪᠣᠭᠣᠯ ᠢ᠋ ᠪᠠᠷᠢᠪᠠ᠂ ᠭᠤᠷᠪᠠᠳᠤᠭᠠᠷ ᠭᠠᠪᠢᠶ᠎ᠠ ᠲᠠᠴᠢᠩᠬᠤᠷᠯᠤ ᠨᠠᠢ᠍ᠮᠠᠨ ᠤ᠋ ᠤᠯᠤᠰ ᠢ᠋ ᠣᠯᠪᠠ᠂ ᠳᠥᠷᠪᠠᠳᠤᠭᠠᠷ ᠭᠠᠪᠢᠶ᠎ᠠ ᠵᠡᠪᠡ᠂ ᠫᠣᠯᠭᠣᠳᠠᠢ ᠨᠠᠢ᠍ᠮᠠᠨ ᠤ᠋ ᠬᠣᠰᠢᠭᠤᠴᠢ ᠶ᠋ᠢ ᠪᠠᠷᠢᠪᠠ᠂ ᠲᠠᠪᠤᠳᠤᠭᠠᠷ ᠭᠠᠪᠢᠶ᠎ᠠ ᠠᠯᠤᠬ᠎ᠠ ᠰᠦᠬᠡ ᠨᠠᠢ᠍ᠮᠠᠨ ᠤ᠋ ᠵᠠᠩᠵᠤᠨ ᠢ᠋ ᠠᠮᠢᠳᠤ ᠪᠠᠷᠢᠪᠠ᠂ ᠵᠢᠷᠭᠤᠳᠤᠭᠠᠷ ᠭᠠᠪᠢᠶ᠎ᠠ ᠪᠡᠯᠭᠦᠳᠡᠢ ᠨᠠᠢ᠍ᠮᠠᠨ ᠤ᠋ ᠮᠥᠷᠥ ᠶ᠋ᠢᠨ ᠵᠠᠩᠵᠤᠨ ᠢ᠋ ᠪᠠᠷᠢᠪᠠ᠂ ᠳᠣᠯᠣᠳᠤᠭᠠᠷ ᠭᠠᠪᠢᠶ᠎ᠠ ᠬᠤᠷᠴᠠ ᠪᠠᠢᠷᠢ ᠨᠠᠢ᠍ᠮᠠᠨ ᠤ᠋ ᠴᠡᠷᠢᠭ ᠦ᠋ᠨ ᠬᠦᠷᠢᠶ᠎ᠡ ᠶ᠋ᠢ ᠣᠯᠪᠠ᠂ ᠨᠠᠢ᠍ᠮᠠᠳᠤᠭᠠᠷ ᠭᠠᠪᠢᠶ᠎ᠠ ᠴᠢᠨᠳᠠᠭᠠᠨ᠎ᠠ ᠰᠡᠴᠡᠨ ᠨᠠᠷ ᠬᠣᠶᠠᠷ ᠪᠠᠭ᠎ᠠ ᠤᠯᠤᠰ ᠤ᠋ᠨ ᠡᠵᠡᠳ ᠢ᠋ ᠪᠠᠷᠢᠪᠠ᠂ ᠶᠢᠰᠦᠳᠦᠭᠡᠷ ᠭᠠᠪᠢᠶ᠎ᠠ ᠴᠢᠯᠠᠭᠤᠨ᠂ ᠲᠡᠮᠦᠷ ᠨᠠᠢ᠍ᠮᠠᠨ ᠤ᠋ ᠨᠥᠬᠥᠷ ᠢ᠋ ᠪᠠᠷᠢᠪᠠ ! 》 ᠭᠡᠮᠡᠨ ᠶᠢᠰᠦᠨ ᠶᠡᠬᠡ ᠭᠠᠪᠢᠶ᠎ᠠ ᠶ᠋ᠢ ᠲᠣᠭᠠᠴᠢᠨ ᠪᠦᠷᠢᠳᠬᠡᠵᠦ᠂ ᠳᠠᠭᠠᠯᠳᠤᠭ᠎ᠠ ᠭᠤᠴᠢᠨ ᠵᠢᠷᠭᠤᠭᠠᠨ ᠵᠠᠩᠵᠤᠨ ᠨᠠᠷ ᠬᠢᠭᠡᠳ ᠪᠠᠭ᠎ᠠ ᠵᠠᠩᠵᠤᠨ ᠨᠤᠭᠤᠳ ᠠᠷᠪᠠᠨ ᠲᠠᠪᠤᠨ ᠲᠦᠮᠡᠨ ᠴᠡᠷᠢᠭ ᠲᠦ᠍ᠷ ᠬᠦᠷᠲᠡᠯ᠎ᠡ ᠶᠡᠬᠡ ᠱᠠᠩ ᠲᠠᠯᠪᠢᠵᠤ ᠭᠠᠪᠢᠶ᠎ᠠ ᠵᠢᠳᠬᠦᠯᠭᠡ ᠶ᠋ᠢ ᠢᠯᠭᠠᠨ ᠨᠠᠢ᠍ᠮᠠᠨ ᠤ᠋ ᠶᠡᠬᠡ ᠬᠦᠦ ᠰᠠᠩ ᠢ᠋ ᠨᠡᠭᠡᠭᠡᠵᠦ ᠣᠯᠠᠨ ᠴᠡᠷᠢᠭ ᠲᠦ᠍ᠷ ᠬᠦᠨᠳᠦᠳᠡ ᠱᠠᠩᠨᠠᠪᠠ᠃ 
       ᠲᠡᠳᠦᠢ ᠡᠨᠡ ᠨᠤᠲᠤᠭ ᠤᠭ ᠠ᠋ᠴᠠ ᠪᠠᠷᠠᠭᠤᠨ ᠯᠢᠶᠣᠤ ᠶ᠋ᠢᠨ ᠶᠡᠬᠡ ᠨᠤᠲᠤᠭ ᠲᠤᠯᠠ ᠪᠧᠲ᠋ᠠ᠋ ᠤᠯᠤᠰ ᠤ᠋ᠨ ᠡᠪᠦᠯᠵᠢᠶᠡᠨ ᠦ᠌ ᠨᠤᠲᠤᠭ ᠪᠣᠯᠭᠠᠨ᠂ ᠲᠠᠢᠽᠦ ᠶᠡᠬᠡ ᠬᠥᠪᠡᠭᠦᠨ ᠵᠣᠴᠢ ᠪᠠᠷ ᠰᠠᠬᠢᠭᠤᠯᠪᠠᠢ᠃ ᠲᠡᠢᠨ ᠬᠦ᠌ ᠨᠠᠢ᠍ᠮᠠᠨ ᠤ᠋ ᠭᠡᠷ ᠡᠷᠦᠬᠡ ᠶ᠋ᠢ ᠡᠨᠳᠡ ᠦᠯᠡᠳᠡᠭᠡᠰᠦᠭᠡᠢ ᠬᠡᠮᠡᠭᠰᠡᠨ ᠳ᠋ᠦ᠍ᠷ ᠵᠥᠪᠯᠡᠯ ᠦ᠋ᠨ ᠰᠠᠢᠳ ᠮᠡᠳᠡᠭᠦᠯᠦᠷᠦᠨ : 《ᠲᠠᠢᠶᠠᠩ ᠬᠠᠭᠠᠨ ᠤ᠋ ᠶᠡᠬᠡ ᠬᠥᠪᠡᠭᠦᠨ ᠠᠯᠳᠠᠱᠠᠭ᠎ᠠ ᠶ᠋ᠢ ᠬᠤᠷᠢᠶᠠᠭᠠᠳᠤᠢ ᠲᠤᠯᠠ ᠡᠨᠳᠡ ᠦᠯᠡᠳᠡᠭᠡᠵᠦ ᠦᠯᠦ ᠪᠣᠯᠤᠮᠤᠢ᠂ ᠬᠡᠵᠢᠶ᠎ᠡ ᠠᠯᠲᠠᠨᠱᠠᠭ᠎ᠠ ᠶ᠋ᠢ ᠳᠠᠭᠠᠭᠤᠯᠵᠤ ᠪᠠᠲᠤ ᠪᠡᠬᠢ ᠪᠣᠯᠤᠭᠰᠠᠨ ᠬᠣᠢᠨ᠎ᠠ ᠡᠭᠡᠭᠦᠯᠦᠨ ᠢᠯᠡᠭᠡᠬᠦᠢ ᠳ᠋ᠦ᠍ᠷ ᠦᠯᠦ ᠪᠣᠯᠬᠤ ᠵᠦᠢᠯ ᠦᠭᠡᠢ ᠭᠡᠮᠡᠨ ᠮᠡᠳᠡᠭᠦᠯᠬᠦᠢ ᠳ᠋ᠦ᠍ᠷ ᠲᠠᠢᠽᠦ ᠠᠷᠭ᠎ᠠ ᠦᠭᠡᠢ ᠨᠠᠢ᠍ᠮᠠᠨ ᠤ᠋ ᠭᠡᠷ ᠡᠷᠦᠬᠡ ᠶ᠋ᠢ ᠨᠡᠭᠦᠯᠭᠡᠨ ᠪᠧᠲ᠋ᠠ᠋ ᠤᠯᠤᠰ ᠲᠤᠷ ᠠᠪᠠᠴᠢᠵᠤ ᠰᠠᠭᠤᠯᠭᠠᠬᠤ ᠪᠠᠷ ᠲᠣᠭᠲᠠᠭᠠᠵᠤ᠂ ᠶᠡᠬᠡ ᠦᠬᠡᠷ ᠫᠤᠤ ᠲᠠᠯᠪᠢᠨ ᠨᠤᠲᠤᠭ ᠲᠤᠷ ᠡᠭᠡᠬᠦᠢ ᠳ᠋ᠦ᠍ᠷ ᠨᠠᠢ᠍ᠮᠠᠨ ᠤᠯᠤᠰ ᠤ᠋ᠨ ᠠᠷᠠᠳ ᠢᠷᠭᠡᠨ ᠨᠢᠳᠦᠨ ᠨᠢᠯᠪᠤᠰᠤᠨ ᠤᠨᠠᠭᠠᠨ ᠮᠥᠷᠭᠥᠵᠦ ᠦᠳᠡᠪᠡ᠃ 
       ᠲᠡᠨᠳᠡᠴᠡ ᠠᠯᠲᠠᠨᠱᠠᠭ᠎ᠠ ᠬᠠᠭᠤᠴᠢᠨ ᠨᠠᠢ᠍ᠮᠠᠨ ᠳ᠋ᠤᠷ ᠡᠪᠡᠳᠴᠢᠨ ᠪᠠᠬᠠᠨ ᠢᠯᠠᠷᠢ ᠪᠣᠯᠵᠤ᠂ ᠢᠳᠡᠷ ᠳᠣᠪᠣ ᠶ᠋ᠢ ᠤᠷᠢᠳᠠ ᠮᠥᠩᠭᠥᠯᠵᠢ ᠳ᠋ᠠᠳᠠᠳᠤᠩᠭ᠎ᠠ ᠨᠠᠷ ᠲᠤᠷ ᠢᠯᠡᠭᠡᠭᠡᠳ ᠳᠠᠭᠠᠯᠳᠤᠭ᠎ᠠ ᠬᠥᠯᠥᠰᠥ ᠭᠠᠷᠴᠤ ᠪᠡᠶ᠎ᠡ ᠪᠡᠨ ᠲᠡᠩᠬᠡᠭᠡ ᠣᠷᠣᠮᠠᠭᠴᠠ ᠬᠠᠲᠠᠭᠤᠵᠢᠨ ᠪᠣᠰᠴᠤ ᠲᠠᠪᠢ ᠵᠢᠷᠠᠨ ᠬᠥᠮᠦᠨ ᠢ᠋ ᠳᠠᠭᠠᠭᠤᠯᠵᠤ ᠤᠯᠤᠰ ᠤ᠋ᠨ ᠵᠦᠭ ᠶᠠᠪᠤᠬᠤᠶ᠎ᠠ᠂ ᠨᠠᠢ᠍ᠮᠠᠨ ᠤ᠋ ᠢᠷᠭᠡᠨ ᠶᠡᠬᠡᠯ᠎ᠡ ᠲᠦᠷᠬᠢᠷᠡᠨ ᠬᠡᠯᠡᠯᠴᠡᠬᠦ ᠢᠨᠦ ᠮᠠᠰᠢ ᠰᠣᠨᠢᠨ ᠳ᠋ᠤᠷ ᠠᠯᠲᠠᠨᠱᠠᠭ᠎ᠠ ᠶᠡᠬᠡᠯ᠎ᠡ ᠠᠮᠤᠷ ᠦᠭᠡᠢ ᠪᠣᠯᠵᠤ ᠬᠠᠭᠠᠰ ᠡᠳᠦᠷ ᠶᠠᠪᠤᠭᠰᠠᠨ ᠦᠭᠡᠢ᠂ ᠭᠡᠨᠡᠳᠲᠡ ᠠᠭᠤᠯᠠᠨ ᠤ᠋ ᠵᠡᠪᠡ ᠡᠴᠡ ᠨᠢᠭᠡᠨ ᠠᠩᠭᠢ ᠴᠡᠷᠢᠭ ᠭᠠᠷᠪᠠ᠃ 
       ᠡᠭᠦᠨ ᠢ᠋ ᠬᠠᠮᠢᠭ᠎ᠠ ᠠ᠋ᠴᠠ ᠢᠷᠡᠭᠰᠡᠨ ᠴᠡᠷᠢᠭ ᠪᠠ ᠠᠯᠲᠠᠨᠱᠠᠭ᠎ᠠ ᠶ᠋ᠢᠨ ᠠᠮᠢ ᠭᠠᠷᠬᠤ ᠪᠠ ᠦᠭᠡᠢ ᠶ᠋ᠢ ᠮᠡᠳᠡᠬᠦ ᠦᠭᠡᠢ᠂ ᠦᠵᠡᠬᠦ ᠮᠡᠷᠭᠡᠳ ᠮᠡᠳᠡᠰᠦᠭᠡᠢ ᠬᠡᠮᠡᠪᠡᠰᠦ ᠰᠤᠳᠤᠷᠴᠢ ᠲᠦᠰᠢᠮᠡᠯ ᠮᠢᠨᠦ ᠡᠬᠡ ᠲᠡᠢ ᠵᠢᠶᠦ᠋ᠨ ᠦ᠌ ᠪᠤᠳᠠᠭ᠎ᠠ ᠶ᠋ᠢ ᠡᠷᠭᠦᠵᠦ ᠢᠷᠡᠭᠡᠳ ᠵᠤᠯᠠ ᠰᠢᠲᠠᠭᠠᠨ ᠳᠣᠣᠷᠠᠲᠤ ᠳᠡᠪᠲᠡᠷ ᠲᠣᠷ ᠵᠠᠯᠭᠠᠨ ᠪᠢᠴᠢᠭᠰᠡᠨ ᠳ᠋ᠦ᠍ᠷ ᠦᠵᠡᠭᠳᠡᠬᠦᠢ᠃ 

 ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠦ :      
                ᠪᠠᠢᠯᠳᠤᠭᠠᠨ ᠳ᠋ᠤᠷ ᠠᠯᠠᠭᠳᠠᠭᠰᠠᠨ ᠳᠠᠢᠶᠠᠩ ᠬᠠᠭᠠᠨ ᠢ᠋ ᠪᠠᠭᠠᠲᠤᠷ ᠬᠡᠮᠡᠪᠡᠰᠦ ᠪᠣᠯᠤᠯᠲᠠᠢ   
                ᠪᠠᠲᠤ ᠪᠠᠷ ᠦᠬᠦᠭᠰᠡᠨ ᠮᠥᠩᠭᠥᠯᠵᠢ ᠲᠦᠰᠢᠮᠡᠯ ᠢ᠋ ᠵᠢᠷᠤᠮᠲᠤ ᠬᠡᠮᠡᠬᠦ ᠪᠤᠶᠤ᠂ 
                ᠪᠠᠷᠢᠭ᠍ᠳᠠᠵᠤ ᠢᠷᠡᠭᠰᠡᠨ ᠳ᠋ᠠᠳᠠᠳᠤᠩᠭ᠎ᠠ ᠶ᠋ᠢᠨ ᠳᠠᠭᠠᠭᠰᠠᠨ ᠢ᠋ ᠮᠡᠷᠭᠡᠨ ᠬᠡᠮᠡᠵᠦ ᠪᠣᠯᠤᠮᠤᠢ  
                ᠪᠠᠴᠢᠮᠳᠠᠵᠤ ᠰᠥᠷᠦᠭᠰᠡᠨ ᠴᠢᠦᠢ ᠴᠦ᠍ ᠯᠢᠦᠢ ᠠᠳᠠᠪᠠᠰᠢ ᠵᠢᠭᠰᠢᠭᠦᠷᠢᠲᠡᠢ ᠠᠵᠤᠭᠤ !