ᠬᠥᠬᠡ ᠰᠤᠳᠤᠷ - ᠢᠨᠵᠠᠨᠨᠠᠰᠢ <ᠭᠤᠴᠢᠨ ᠨᠠᠢ᠍ᠮᠠᠳᠤᠭᠠᠷ ᠪᠦᠯᠦᠭ > Хөх судар - Инжинаш <Гучин наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠨᠠᠢ᠍ᠮᠠᠳᠤᠭᠠᠷ ᠪᠦᠯᠦᠭ > Хөх судар - Инжинаш <Гучин наймдугаар бүлэг >

ᠬᠥᠬᠡ ᠰᠤᠳᠤᠷ - ᠢᠨᠵᠠᠨᠨᠠᠰᠢ <ᠭᠤᠴᠢᠨ ᠨᠠᠢ᠍ᠮᠠᠳᠤᠭᠠᠷ ᠪᠦᠯᠦᠭ > Хөх судар - Инжинаш <Гучин наймдугаар бүлэг >

ᠠᠩᠭᠢᠯᠠᠯ:ᠲᠡᠦᠬᠡ ᠰᠣᠶᠣᠯ
2023-09-02

223

ᠲᠠᠢᠽᠦ ᠬᠠᠭᠠᠨ ᠲᠠᠢᠵᠢ ᠲᠠᠪᠤᠨᠠᠩ ᠤ᠋ᠨ ᠲᠦᠮᠡᠨ ᠣᠨ ᠤ᠋ ᠲᠥᠷᠥ ᠶᠣᠰᠣ ᠶ᠋ᠢ ᠲᠣᠭᠲᠠᠭᠠᠪᠠ

ᠴᠢᠩᠭᠢᠰ ᠪᠣᠭᠳᠠ ᠴᠢᠩ ᠰᠠᠢᠳ ᠤ᠋ᠳ ᠤ᠋ᠨ ᠮᠢᠩᠭᠠᠨ ᠵᠢᠯ ᠦ᠋ᠨ ᠨᠡᠷ᠎ᠡ ᠴᠣᠯᠠ ᠶ᠋ᠢ ᠡᠷᠭᠦᠮᠵᠢᠯᠡᠪᠡ


                    ᠭᠤᠴᠢᠨ ᠨᠠᠢ᠍ᠮᠠᠳᠤᠭᠠᠷ ᠪᠦᠯᠦᠭ 
                         ᠤᠯᠠᠭᠠᠨ ᠪᠠᠷᠰ ᠵᠢᠯ ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ᠂ 
                                 ᠲᠠᠢᠽᠦ ᠬᠠᠭᠠᠨ ᠳᠥᠴᠢᠨ ᠲᠠᠪᠤᠨ ᠰᠡᠭᠦᠳᠡᠷ ᠲᠡᠢ᠂ ᠰᠥᠩ ᠤᠯᠤᠰ ᠤ᠋ᠨ ᠨᠢᠩᠽᠦ᠋ᠩ ᠦ᠋ᠨ 
                                 ᠺᠠᠢ ᠰᠢ  ᠶ᠋ᠢᠨ ᠬᠣᠶᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ ᠦ᠋ᠨ ᠲᠡᠢ ᠾᠧ ᠶ᠋ᠢᠨ ᠵᠢᠷᠭᠤᠳᠤᠭᠠᠷ ᠣᠨ  

              ᠲᠠᠢᠽᠦ ᠬᠠᠭᠠᠨ ᠲᠠᠢᠵᠢ ᠲᠠᠪᠤᠨᠠᠩ ᠤ᠋ᠨ ᠲᠦᠮᠡᠨ ᠣᠨ ᠤ᠋ ᠲᠥᠷᠥ ᠶᠣᠰᠣ ᠶ᠋ᠢ ᠲᠣᠭᠲᠠᠭᠠᠪᠠ 
             ᠴᠢᠩᠭᠢᠰ ᠪᠣᠭᠳᠠ ᠴᠢᠩ ᠰᠠᠢᠳ ᠤ᠋ᠳ ᠤ᠋ᠨ ᠮᠢᠩᠭᠠᠨ ᠵᠢᠯ ᠦ᠋ᠨ ᠨᠡᠷ᠎ᠡ ᠴᠣᠯᠠ ᠶ᠋ᠢ ᠡᠷᠭᠦᠮᠵᠢᠯᠡᠪᠡ  

       ᠲᠡᠨᠳᠡᠴᠡ ᠤᠯᠠᠭᠠᠨ ᠪᠠᠷᠰ ᠵᠢᠯ ᠦ᠋ᠨ ᠡᠪᠦᠯ ᠦ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠲᠠᠢᠽᠦ ᠬᠠᠭᠠᠨ ᠰᠠᠭᠤᠷᠢᠨ ᠳ᠋ᠤᠷ ᠢ᠋ᠶ᠋ᠠᠨ ᠰᠠᠭᠤᠭᠠᠳ  ᠪᠧᠲ᠋ᠠ᠋ ᠬᠡᠮᠡᠬᠦ ᠤᠯᠤᠰ ᠤ᠋ᠨ ᠨᠡᠷ᠎ᠡ ᠶ᠋ᠢ ᠮᠣᠩᠭᠣᠯ ᠭᠡᠮᠡᠨ ᠬᠠᠯᠠᠨ ᠨᠡᠷᠡᠢᠳᠦᠭᠡᠳ ᠣᠨ ᠤ᠋ ᠴᠣᠯᠠ ᠶ᠋ᠢ ᠴᠢᠩᠭᠢᠰ ᠬᠠᠭᠠᠨ ᠤ᠋ ᠲᠡᠷᠢᠭᠦᠨ ᠣᠨ ᠬᠡᠮᠡᠪᠡ᠃ ᠲᠡᠳᠦᠢ ᠭᠤᠷᠪᠠᠨ ᠡᠳᠦᠷ ᠦ᠋ᠨ ᠶᠡᠬᠡ ᠪᠠᠶᠠᠷ ᠢ᠋ ᠥᠩᠭᠡᠷᠡᠵᠦ᠂ ᠲᠣᠷᠭᠠᠨ ᠰᠢᠷ᠎ᠠ᠂ ᠮᠤᠬᠤᠯᠢ ᠨᠠᠷ ᠨᠢᠭᠡᠨ ᠨᠤᠭᠤᠯᠪᠤᠷᠢ ᠭᠤᠷᠪᠠᠨ ᠵᠦᠢᠯ ᠦ᠋ᠨ ᠶᠡᠬᠡ ᠬᠡᠷᠡᠭ ᠠᠢᠯᠠᠳᠬᠠᠭᠰᠠᠨ ᠠᠨᠤ : ᠲᠡᠷᠢᠭᠦᠨ ᠳ᠋ᠦ᠍ᠷ ᠠᠯᠲᠠᠨ ᠤᠯᠤᠰ ᠤ᠋ᠨ ᠵᠠᠩᠽᠦ᠋ᠩ ᠬᠠᠭᠠᠨ ᠸᠠᠨ ᠶᠠᠨ ᠵᠢᠩ ᠬᠠᠷᠭᠢᠰ ᠪᠤᠷᠤᠩᠬᠤᠢ ᠤᠵᠢᠳ ᠰᠠᠮᠠᠭᠤᠨ ᠬᠡᠲᠦᠷᠡᠵᠦ᠂ ᠬᠣᠪᠴᠢ ᠲᠦᠰᠢᠮᠡᠯ ᠦ᠋ᠨ ᠬᠣᠱᠣᠩ ᠦᠭᠡ ᠶ᠋ᠢ ᠠᠪᠴᠤ ᠬᠣᠲᠠ ᠬᠢᠵᠠᠭᠠᠷ ᠤ᠋ᠨ ᠰᠠᠬᠢᠭᠤᠷ ᠤ᠋ᠨ ᠵᠠᠩᠵᠤᠨ ᠴᠡᠷᠢᠭ ᠢ᠋ ᠬᠣᠢᠲᠤ ᠤᠯᠤᠰ ᠯᠤᠭ᠎ᠠ ᠰᠦᠯᠪᠡᠭᠡ ᠪᠣᠢ ᠭᠡᠮᠡᠨ ᠭᠦᠳᠬᠡᠵᠦ᠂ ᠡᠳ᠋ ᠬᠢᠬᠠᠵᠤ ᠠᠪᠰᠤᠭᠠᠢ ᠬᠡᠮᠡᠬᠦᠢ ᠳ᠋ᠦ᠍ᠷ ᠬᠣᠢᠲᠤ ᠬᠢᠵᠠᠭᠠᠷ ᠤ᠋ᠨ ᠰᠡᠷᠭᠡᠢᠯᠡᠨ ᠰᠠᠬᠢᠬᠤ ᠲᠡᠷᠢᠭᠦᠯᠡᠭᠰᠡᠨ ᠵᠠᠩᠵᠤᠨ ᠯᠢᠦ ᠵᠦᠩ ᠯᠦ᠍᠂ ᠯᠢᠦ ᠹᠦ᠂ ᠳ᠋ᠦᠩ ᠵᠢᠶᠦ᠋ᠨ ᠬᠡᠮᠡᠬᠦ ᠭᠤᠷᠪᠠᠭᠤᠯᠠ ᠴᠢᠬᠤᠯᠳᠠᠵᠤ᠂ ᠡᠮ᠎ᠡ ᠦᠷ᠎ᠡ ᠪᠡᠨ ᠠᠪᠴᠤ ᠲᠠᠪᠤᠨ ᠮᠢᠩᠭᠠᠨ ᠴᠡᠷᠢᠭ ᠢ᠋ᠶ᠋ᠠᠨ ᠳᠠᠭᠠᠭᠤᠯᠤᠨ ᠮᠣᠩᠭᠣᠯ ᠤᠯᠤᠰ ᠲᠤᠷ ᠳᠠᠭᠠᠭᠰᠠᠨ ᠨᠢᠭᠡᠨ ᠬᠡᠷᠡᠭ᠃ ᠵᠢᠴᠢ ᠲᠥᠪᠡᠳ ᠦ᠋ᠨ ᠬᠠᠭᠠᠨ ᠬᠦᠡᠯᠡᠭ ᠳᠣᠷᠵᠢ᠂ ᠪᠠᠯᠪᠤ ᠶ᠋ᠢᠨ ᠬᠠᠭᠠᠨ ᠬᠣᠶᠠᠷ ᠤᠯᠤᠰ ᠬᠣᠣᠰ ᠵᠠᠭᠠᠨ ᠢ᠋ᠶ᠋ᠠᠷ ᠳᠣᠯᠣᠭᠠᠨ ᠵᠦᠢᠯ ᠦ᠋ᠨ ᠡᠷᠳᠡᠨᠢ ᠠᠴᠢᠵᠤ ᠠᠯᠪᠠ ᠬᠦᠷᠭᠡᠵᠦ ᠢᠷᠡᠭᠰᠡᠨ ᠨᠢᠭᠡᠨ ᠬᠡᠷᠡᠭ᠃ ᠵᠢᠴᠢ ᠬᠠᠭᠤᠴᠢᠨ ᠨᠠᠢ᠍ᠮᠠᠨ ᠤ᠋ ᠲᠠᠢᠶᠠᠩ ᠬᠠᠭᠠᠨ ᠤ᠋ ᠠᠬ᠎ᠠ ᠪᠤᠯᠤᠤ ᠪᠡᠶ᠎ᠡ ᠪᠡᠨ ᠬᠠᠰ ᠬᠠᠭᠠᠨ ᠭᠡᠮᠡᠨ ᠡᠷᠭᠦᠪᠡ᠃ ᠨᠠᠢ᠍ᠮᠠᠨ ᠤ᠋ ᠳᠠᠢᠶᠠᠩ ᠬᠠᠭᠠᠨ ᠠᠯᠲᠠᠨᠱᠠᠭ᠎ᠠ ᠶ᠋ᠢ ᠪᠧᠲ᠋ᠠ᠋ ᠤᠯᠤᠰ ᠲᠤᠷ ᠳᠠᠭᠠᠪᠠ ᠭᠡᠮᠡᠨ ᠳᠠᠪᠴᠢᠯᠠᠭᠰᠠᠨ ᠳ᠋ᠤᠷ ᠠᠯᠲᠠᠨᠱᠠᠭ᠎ᠠ᠂ ᠲᠠᠢᠽᠦ ᠶ᠋ᠢ ᠳᠠᠭᠠᠵᠤ ᠪᠠᠷᠠᠭᠤᠨᠰᠢ ᠡᠴᠢᠭᠰᠡᠨ ᠲᠤᠯᠠ ᠰᠣᠯᠤᠩᠭᠤᠸ᠎ᠠ᠂ ᠰᠠᠢᠬᠠᠨ ᠬᠦᠷᠢ ᠬᠣᠶᠠᠷ ᠡᠮ᠎ᠡ ᠣᠯᠠᠨ ᠵᠠᠩᠵᠤᠨ ᠴᠡᠷᠢᠭ ᠢ᠋ᠶ᠋ᠡᠨ ᠠᠪᠴᠤ ᠲᠣᠰᠴᠤ ᠪᠠᠢᠯᠳᠤᠨ ᠡᠭᠡᠭᠦᠯᠦᠭᠰᠡᠨ ᠠᠵᠤᠭᠤ᠃ ᠡᠳᠦᠭᠡ ᠪᠠᠰᠠ ᠲᠠᠪᠴᠢᠯᠠᠬᠤ ᠮᠡᠳᠡᠭᠡ ᠪᠣᠢ ᠬᠡᠮᠡᠭᠰᠡᠨ ᠨᠢᠭᠡᠨ ᠬᠡᠷᠡᠭ᠃ 
       ᠲᠠᠢᠽᠦ ᠴᠢᠩᠭᠢᠰ ᠬᠠᠭᠠᠨ ᠴᠣᠬᠣᠯᠠᠨ ᠪᠠᠭᠤᠯᠭᠠᠭᠰᠠᠨ ᠠᠨᠤ :《ᠪᠠᠯᠪᠤ᠂ ᠲᠥᠪᠡᠳ ᠦ᠋ᠨ ᠠᠯᠪᠠ ᠮᠢᠨᠦ ᠬᠠᠭᠠᠨ ᠰᠠᠭᠤᠭᠰᠠᠨ ᠯᠤᠭ᠎ᠠ ᠲᠣᠬᠢᠶᠠᠯᠳᠤᠨ ᠵᠠᠭᠠᠨ ᠪᠠᠷᠢᠭ᠍ᠰᠠᠨ ᠠᠨᠤ᠂ ᠮᠢᠨᠦ ᠤᠯᠤᠰ ᠲᠦᠮᠡᠨ ᠦ᠌ ᠪᠡᠯᠭᠡ ᠳ᠋ᠦ᠍ᠷ ᠨᠡᠢᠴᠡᠭᠰᠡᠨ ᠲᠤᠯᠠ ᠢᠷᠡᠭᠰᠡᠨ ᠡᠯᠴᠢ ᠶ᠋ᠢ ᠬᠦᠨᠳᠦ ᠱᠠᠩᠨᠠᠵᠤ᠂ ᠬᠠᠷᠢᠭᠤ ᠬᠦᠨᠳᠦ ᠪᠡᠯᠡᠭ ᠬᠦᠷᠲᠡᠭᠡᠨ ᠢᠯᠡᠭᠡ᠃ ᠵᠢᠴᠢ ᠠᠯᠲᠠᠨ ᠤᠯᠤᠰ ᠤ᠋ᠨ ᠳᠠᠭᠠᠷ᠎ᠠ ᠢᠷᠡᠭᠰᠡᠨ ᠭᠤᠷᠪᠠᠨ ᠵᠠᠩᠵᠤᠨ ᠲᠠᠪᠤᠨ ᠮᠢᠩᠭᠠᠨ ᠴᠡᠷᠢᠭ ᠬᠡᠳᠦᠢ ᠢᠲᠡᠭᠡᠮᠵᠢ ᠦᠭᠡᠢ ᠪᠣᠯᠪᠠᠴᠤ ᠭᠠᠳᠠᠭᠠᠳᠤ ᠤᠯᠤᠰ ᠠ᠋ᠴᠠ ᠭᠠᠴᠢᠭ᠍ᠳᠠᠵᠤ ᠳᠠᠭᠠᠷ᠎ᠠ ᠢᠷᠡᠭᠰᠡᠨ ᠢ᠋ ᠨᠢᠴᠤᠭᠤᠯᠪᠠᠰᠤ ᠬᠠᠭᠠᠨ ᠬᠥᠮᠦᠨ ᠦ᠌ ᠨᠡᠢᠲᠡ ᠶ᠋ᠢ ᠠᠪᠤᠷᠠᠨ ᠬᠣᠯᠠ ᠶ᠋ᠢ ᠪᠠᠭᠲᠠᠭᠠᠬᠤ ᠠᠪᠤᠷᠠᠯ ᠪᠤᠰᠤ ᠲᠤᠯᠠ ᠭᠤᠷᠪᠠᠨ ᠵᠠᠩᠵᠤᠨ ᠢ᠋ ᠨᠠᠳᠠ ᠳ᠋ᠤᠷ ᠠᠭᠤᠯᠵᠠᠭᠤᠯᠤᠨ ᠮᠢᠩᠭᠠᠨ ᠤ᠋ ᠴᠣᠯᠠ ᠬᠠᠢᠷᠠᠯᠠᠵᠤ᠂ ᠯᠢ ᠴᠢᠯᠢ ᠬᠣᠷᠣᠭ᠎ᠠ᠂ ᠯᠦᠸᠧ ᠽᠢ ᠴᠧᠩ ᠬᠣᠲᠠ ᠶ᠋ᠢ ᠰᠠᠬᠢᠭᠤᠯᠵᠤ᠂ ᠠᠯᠲᠠᠨ ᠤᠯᠤᠰ᠂ ᠰᠢᠶᠠ ᠤᠯᠤᠰ ᠢ᠋ ᠰᠡᠷᠭᠡᠢᠯᠡᠭᠦᠯᠦᠨ ᠬᠢᠵᠠᠭᠠᠷ ᠢ᠋ ᠰᠠᠬᠢᠭᠤᠯ᠂ ᠵᠢᠴᠢ ᠪᠢ ᠰᠠᠭᠤᠷᠢᠨ ᠳ᠋ᠤᠷ ᠰᠢᠨ᠎ᠡ ᠰᠠᠭᠤᠭᠰᠠᠨ ᠲᠤᠯᠠ ᠪᠠᠷᠠᠭᠤᠨ ᠲᠥᠪᠡᠳ ᠨᠢᠭᠡᠨ ᠠᠢᠮᠠᠭ ᠤᠯᠤᠰ ᠤ᠋ᠨ ᠯᠤᠸᠠᠰᠠᠽᠠᠸ᠎ᠠ ᠠᠨᠠᠨᠳᠠ ᠺᠠᠷᠪᠢ᠂ ᠬᠤᠸᠠᠷᠠᠭ ᠤ᠋ᠨ ᠰᠠᠢᠨ ᠭᠠᠵᠠᠷ ᠲᠤᠯᠠ ᠢᠯᠠᠭᠤᠭᠰᠠᠨ ᠤᠭ ᠠ᠋ᠴᠠ ᠬᠠᠭᠤᠴᠢᠨ ᠯᠢᠶᠣᠤ ᠤᠯᠤᠰ ᠤ᠋ᠨ ᠬᠥᠮᠦᠨ᠂ ᠪᠤᠷᠬᠠᠨ ᠤ᠋ ᠱᠠᠰᠢᠨ ᠤ᠋ ᠤᠴᠢᠷ ᠢ᠋ ᠮᠡᠳᠡᠮᠦᠢ᠂ ᠡᠳᠦᠭᠡ ᠯᠦᠸᠧ ᠽᠢ ᠴᠧᠩ ᠬᠣᠲᠠ ᠶ᠋ᠢᠨ ᠬᠣᠢᠨ᠎ᠠ ᠡᠮᠦᠨᠡᠰᠢ ᠬᠠᠨᠳᠤᠭᠤᠯᠤᠨ < ᠳᠠᠯᠠᠢ ᠳᠠᠭᠤᠷᠢᠰᠬᠤ > ᠨᠡᠷᠡᠲᠦ ᠰᠦᠮ᠎ᠡ ᠪᠠᠷᠢᠵᠤ᠂ ᠮᠢᠨᠦ ᠵᠠᠰᠠᠭ ᠴᠠᠭᠠᠵᠠ ᠳᠥᠷᠪᠡᠨ ᠳᠠᠯᠠᠢ ᠳ᠋ᠤᠷ ᠬᠦᠷᠲᠡᠯ᠎ᠡ ᠳᠠᠭᠤᠷᠢᠰᠤᠨ ᠳᠡᠯᠭᠡᠷᠡᠬᠦ ᠲᠤᠯᠠ ᠲᠤᠰᠠ ᠶ᠋ᠢ ᠪᠦᠲᠦᠭᠡᠲᠦᠭᠡᠢ᠂ ᠳᠣᠲᠣᠷ᠎ᠠ ᠪᠠᠷᠠᠭᠤᠨ ᠲᠥᠪᠡᠳ ᠲᠠᠩᠭᠤᠳ ᠪᠠ ᠬᠠᠭᠤᠴᠢᠨ ᠯᠢᠶᠣᠤ ᠤᠯᠤᠰ ᠠ᠋ᠴᠠ ᠠᠷᠪᠠᠨ ᠨᠠᠢ᠍ᠮᠠᠨ ᠲᠣᠢᠳ ᠠᠪᠴᠢᠷᠠᠨ ᠰᠠᠭᠤᠯᠭᠠᠵᠤ ᠡᠳᠦᠷ ᠪᠦᠷᠢ ᠶᠠᠪᠤᠳᠠᠯ ᠢ᠋ ᠵᠠᠰᠠᠵᠤ ᠰᠠᠢᠨ ᠦᠢᠯᠡ ᠶ᠋ᠢ ᠪᠦᠲᠦᠭᠡᠯᠭᠡ 》ᠭᠡᠮᠡᠨ ᠵᠠᠷᠯᠢᠭ ᠪᠠᠭᠤᠯᠭᠠᠪᠠ᠃ ᠠᠯᠲᠠᠨ ᠤᠯᠤᠰ ᠮᠢᠨᠦ ᠲᠥᠷᠥᠯ ᠦ᠋ᠨ ᠰᠠᠢᠨ ᠪᠥᠬᠡ ᠬᠠᠨ ᠢ᠋ ᠠᠯᠠᠭᠰᠠᠨ ᠦᠰ ᠪᠣᠢ ᠪᠣᠯᠪᠠᠴᠤ ᠡᠳᠦᠭᠡ ᠮᠢᠨᠦ ᠤᠯᠤᠰ ᠲᠥᠷᠥ ᠰᠢᠨᠡᠬᠡᠨ ᠲᠣᠭᠲᠠᠵᠤ᠂ ᠣᠯᠠᠨ ᠴᠡᠷᠢᠭ ᠪᠠᠰᠠ ᠥᠨᠥᠬᠡᠨ ᠬᠣᠯᠠ ᠠᠶᠠᠨ᠎ᠠ ᠵᠦᠳᠡᠭᠰᠡᠨ ᠢᠨᠤ ᠲᠣᠬᠣᠷᠤᠭᠠᠳᠤᠢ ᠪᠥᠭᠡᠳ ᠠᠯᠲᠠᠨ ᠤᠯᠤᠰ ᠴᠤ᠌ ᠪᠠᠰᠠ ᠬᠠᠭᠤᠴᠢᠨ ᠤᠯᠤᠰ ᠶᠠᠯ᠎ᠠ ᠠᠨᠤ ᠢᠯᠡᠷᠡᠭᠡᠳᠦᠢ ᠲᠤᠯᠠ ᠡᠳᠦᠭᠡ ᠳᠠᠢᠯᠠᠬᠤ ᠶ᠋ᠢ ᠳ᠋ᠦ᠍ᠷ ᠵᠣᠭᠰᠣᠵᠤ᠂ ᠴᠡᠷᠢᠭ ᠢ᠋ᠶ᠋ᠡᠨ ᠪᠡᠬᠢᠯᠡᠨ ᠰᠠᠭᠤᠵᠤ᠂ ᠲᠡᠭᠦᠨ ᠦ᠌ ᠪᠤᠷᠤᠭᠤ ᠢᠯᠡᠷᠡᠬᠦ ᠶ᠋ᠢ ᠬᠦᠯᠢᠶᠡᠵᠦ ᠲᠠᠢᠯᠠᠰᠤᠭᠠᠢ᠃ ᠵᠢᠴᠢ ᠨᠠᠢ᠍ᠮᠠᠨ ᠤ᠋ ᠪᠤᠯᠤᠤ᠂ ᠬᠥᠮᠦᠨ ᠦ᠌ ᠬᠡᠯᠬᠢᠶ᠎ᠡ ᠦᠭᠡᠢ – ᠲᠥᠷᠥᠭᠰᠡᠨ ᠳᠡᠭᠦᠦ ᠪᠡᠨ ᠨᠢᠭᠤᠴᠠ ᠪᠠᠷ ᠠᠯᠠᠵᠤ᠂ ᠪᠠᠰᠠ ᠡᠷᠳᠡᠮ ᠦᠭᠡᠢ ᠪᠥᠭᠡᠳ ᠬᠡᠲᠦᠷᠬᠡᠢ ᠶᠡᠬᠡ ᠬᠠᠭᠠᠨ ᠰᠠᠭᠤᠷᠢᠨ ᠳ᠋ᠤᠷ ᠰᠠᠭᠤᠨ᠂ ᠪᠡᠶ᠎ᠡ ᠪᠡᠨ ᠬᠠᠰ ᠬᠠᠭᠠᠨ ᠭᠡᠮᠡᠨ ᠡᠷᠭᠦᠵᠦ᠂ ᠪᠠᠰᠠ ᠲᠡᠭᠷᠢ ᠶ᠋ᠢᠨ ᠴᠠᠭ ᠢ᠋ ᠮᠡᠳᠡᠵᠦ ᠵᠥᠪᠰᠢᠶᠡᠮᠦᠷ ᠢ᠋ᠶ᠋ᠡᠷ ᠳᠠᠭᠠᠭᠰᠠᠨ ᠠᠯᠲᠠᠨᠱᠠᠭ᠎ᠠ ᠶ᠋ᠢ ᠲᠠᠪᠴᠢᠯᠠᠭᠰᠠᠨ ᠲᠤᠯᠠ ᠡᠳᠦᠭᠡ ᠳᠠᠷᠤᠢ ᠮᠢᠨᠦ ᠪᠡᠶ᠎ᠡ ᠪᠡᠷ ᠬᠣᠶᠠᠷ ᠲᠦᠮᠡᠨ ᠪᠣᠯᠣᠳ ᠬᠦᠴᠦᠲᠦ ᠴᠡᠷᠢᠭ ᠢ᠋ ᠠᠪᠴᠤ ᠳᠠᠷᠤᠷ᠎ᠠ ᠡᠴᠢᠮᠦᠢ᠃ ᠠᠷᠪᠠᠨ ᠬᠣᠨᠣᠭ ᠤ᠋ᠨ ᠡᠴᠦᠰ ᠲᠦ᠍ᠷ ᠳᠠᠷᠤᠢ ᠴᠡᠷᠢᠭ ᠮᠣᠷᠳᠠ ! 》ᠭᠡᠮᠡᠨ ᠵᠠᠷᠯᠢᠭ ᠪᠠᠭᠤᠯᠭᠠᠪᠠ᠃ ᠣᠯᠠᠨ ᠲᠦᠰᠢᠮᠡᠳ ᠭᠠᠢᠬᠠᠨ ᠪᠢᠰᠢᠷᠡᠪᠡ᠃ ᠳᠠᠭᠠᠯᠳᠤᠭ᠎ᠠ ᠪᠠᠰᠠ ᠳᠡᠭᠦᠦ ᠸᠠᠩ ᠬᠠᠰᠠᠷ ᠪᠡᠯᠭᠦᠳᠡᠢ ᠬᠣᠶᠠᠭᠤᠯᠠ ᠭᠠᠷᠴᠤ ᠭᠤᠷᠪᠠᠨ ᠬᠥᠪᠡᠭᠦᠨ ᠢ᠋ ᠳᠠᠭᠠᠭᠤᠯᠤᠨ ᠰᠥᠭᠥᠳᠪᠡ᠃ ᠲᠠᠢᠽᠦ ᠦᠵᠡᠪᠡᠰᠦ᠂ ᠨᠢᠭᠡᠨ ᠢᠨᠤ ᠤᠷᠠᠨ ᠭᠠᠴᠤᠭ ᠤ᠋ᠨ ᠬᠥᠪᠡᠭᠦᠨ ᠡᠷᠳᠡᠨᠢ ᠰᠠᠷᠠᠨ᠂ ᠨᠢᠭᠡᠨ ᠢᠨᠤ ᠲᠡᠭᠦᠨ ᠦ᠌ ᠳᠡᠭᠦᠦ᠂ ᠨᠢᠭᠡᠨ ᠢᠨᠤ ᠣᠢᠲᠤ ᠣᠴᠢᠭ ᠤ᠋ᠨ ᠬᠥᠪᠡᠭᠦᠨ ᠴᠥᠮ ᠠᠷᠪᠠᠨ ᠨᠠᠰᠤ ᠭᠠᠷᠴᠤᠬᠤᠢ᠃ ᠬᠠᠰᠠᠷ᠂ ᠪᠡᠯᠭᠦᠳᠡᠢ ᠰᠥᠭᠥᠳᠴᠦ ᠠᠢᠯᠠᠳᠬᠠᠷᠤᠨ :《ᠡᠨᠡ ᠭᠤᠷᠪᠠᠨ ᠬᠥᠪᠡᠭᠦᠨ ᠳ᠋ᠦ᠍ᠷ ᠪᠣᠭᠳᠠ ᠡᠵᠡᠨ ᠨᠡᠷ᠎ᠡ ᠬᠠᠢᠷᠠᠯᠠᠵᠤ ᠪᠡᠷᠢ ᠱᠠᠩᠨᠠᠨ ᠲᠣᠭᠲᠠᠭᠠᠮᠤ !》ᠬᠡᠮᠡᠭᠰᠡᠨ ᠳ᠋ᠦ᠍ᠷ ᠲᠠᠢᠽᠦ ᠪᠡᠶᠡᠰᠦᠨ ᠥᠭᠦᠯᠡᠷᠦᠨ :《ᠡᠨᠡ ᠰᠥᠨᠢ ᠨᠢᠭᠡᠨ ᠪᠤᠭᠤ ᠭᠥᠷᠥᠭᠡᠰᠦ ᠠᠮᠠᠨ ᠳ᠋ᠠᠭᠠᠨ ᠨᠠᠷᠠᠨ ᠰᠠᠷᠠᠨ ᠢ᠋ ᠵᠠᠭᠤᠵᠤ ᠮᠢᠨᠦ ᠠᠪᠠ ᠳ᠋ᠤᠷ ᠣᠷᠣᠪᠠ ᠭᠡᠮᠡᠨ ᠵᠡᠭᠦᠳᠦᠯᠡᠪᠡ᠂ ᠡᠳᠦᠭᠡ ᠪᠠᠰᠠ ᠮᠠᠨ ᠤ᠋ ᠤᠯᠤᠰ ᠮᠣᠩᠭᠣᠯ ᠭᠡᠮᠡᠨ ᠬᠠᠯᠠᠭᠰᠠᠨ ᠳ᠋ᠤᠷ ᠲᠣᠬᠢᠶᠠᠯᠳᠤᠭᠰᠠᠨ ᠲᠤᠯᠠ ᠳᠡᠭᠦᠦ ᠸᠠᠩ ᠤᠷᠠᠨ ᠭᠠᠴᠤᠭ ᠤ᠋ᠨ ᠭᠠᠭᠴᠠ ᠬᠥᠪᠡᠭᠦᠨ ᠳ᠋ᠦ᠍ᠷ ᠮᠣᠩᠭᠣᠯ ᠪᠤᠭᠤ ᠭᠡᠮᠡᠨ ᠨᠡᠷ᠎ᠡ ᠰᠣᠶᠣᠷᠬ᠎ᠠ᠂ ᠳᠡᠭᠦᠦ ᠸᠠᠩ ᠣᠢᠲᠤ ᠣᠴᠢᠭ ᠤ᠋ᠨ ᠶᠡᠬᠡ ᠬᠥᠪᠡᠭᠦᠨ ᠡᠷᠳᠡᠨᠢ ᠰᠠᠷᠠᠨ ᠲᠤᠯᠠ ᠪᠠᠭ᠎ᠠ ᠬᠥᠪᠡᠭᠦᠨ ᠳ᠋ᠦ᠍ᠷ ᠮᠥᠨ ᠬᠦ᠌ ᠮᠣᠩᠭᠣᠯ ᠦᠰᠦᠭ ᠢ᠋ ᠬᠡᠷᠡᠭᠯᠡᠵᠦ᠂ ᠮᠣᠩᠭᠣᠯ ᠰᠠᠷᠠᠨ ᠭᠡᠮᠡᠨ ᠨᠡᠷ᠎ᠡ ᠥᠭᠭᠦᠭᠳᠦᠨ᠃ ᠡᠨᠡ ᠭᠤᠷᠪᠠᠨ ᠬᠡᠦᠬᠡᠳ ᠦ᠋ᠨ ᠪᠡᠷᠢ ᠰᠣᠩᠭᠣᠬᠤ ᠶ᠋ᠢ ᠳᠣᠲᠣᠭᠠᠳᠤ ᠭᠡᠷᠡᠯᠲᠦ ᠬᠤᠸᠠᠩᠬᠡᠦ ᠳ᠋ᠦ᠍ᠷ ᠲᠤᠰᠢᠶᠠᠵᠤ ᠶᠢᠰᠦᠨ ᠡᠩ ᠦ᠋ᠨ ᠭᠠᠪᠢᠶᠠᠲᠤ ᠰᠠᠢᠳ ᠤ᠋ᠨ ᠦᠷᠡᠰ ᠡᠴᠡ ᠰᠣᠩᠭᠣᠵᠤ ᠵᠢᠭᠠᠨ ᠲᠣᠭᠲᠠᠭ᠎ᠠ ! 》ᠭᠡᠮᠡᠨ ᠵᠠᠷᠯᠢᠭ ᠪᠠᠭᠤᠯᠭᠠᠪᠠ᠃ ᠳᠠᠭᠠᠯᠳᠤᠭ᠎ᠠ ᠪᠠᠰᠠ ᠭᠦᠸᠧ ᠶ᠋ᠢᠨ ᠭᠦᠩᠵᠦ ᠶ᠋ᠢ ᠬᠠᠷᠢᠯᠠᠬᠤ ᠳᠥᠷᠥᠯᠡᠬᠦ ᠴᠠᠭ ᠲᠤᠷ ᠬᠢᠭᠡᠳ ᠪᠠᠰᠠ ᠠᠪᠠᠭ᠎ᠠ ᠹᠦ ᠮᠠ᠋ ᠲᠠᠪᠤᠨᠠᠩ ᠪᠤᠲ᠋ᠤ ᠶ᠋ᠢᠨ ᠬᠥᠪᠡᠭᠦᠨ ᠨᠠᠨᠰᠠᠷ ᠲᠤᠷ ᠳᠡᠭᠦᠦ ᠸᠠᠩ ᠬᠠᠰᠠᠷ ᠤ᠋ᠨ ᠥᠬᠢᠨ ᠮᠡᠷᠭᠡᠨ ᠰᠡᠴᠢᠭᠦᠨ ᠰᠢᠶᠠ ᠶ᠋ᠢᠨ ᠪᠦᠸᠧ ᠵᠣ᠌ ① ᠶ᠋ᠢ ᠭᠤᠶᠤᠵᠤ ᠲᠣᠭᠲᠠᠭᠠᠬᠤ ᠵᠠᠷᠯᠢᠭ ᠢ᠋ ᠭᠤᠶᠤᠮᠤᠢ ᠬᠡᠮᠡᠭᠰᠡᠨ ᠳ᠋ᠦ᠍ᠷ ᠴᠢᠩᠭᠢᠰ ᠬᠠᠭᠠᠨ ᠴᠥᠮ ᠵᠥᠪᠰᠢᠶᠡᠵᠦ᠂ ᠪᠠᠯᠭᠠᠰᠤᠨ ᠤ᠋ ᠲᠠᠢᠽᠢ ᠴᠠᠭᠠᠲᠠᠢ᠂ ᠵᠣᠴᠢ ᠬᠣᠶᠠᠭᠤᠯᠠ ᠶ᠋ᠢᠨ ᠤᠷᠤᠭ ᠢ᠋ ᠬᠣᠢᠲᠤ ᠵᠢᠯ ᠦ᠋ᠨ ᠴᠠᠭᠠᠨ ᠰᠠᠷ᠎ᠠ ᠶ᠋ᠢᠨ ᠰᠠᠢᠨ ᠡᠳᠦᠷ ᠢ᠋ ᠰᠣᠩᠭᠣᠵᠤ ᠶᠣᠰᠣᠯᠠᠯ ᠢ᠋ ᠲᠣᠭᠲᠠᠭ᠎ᠠ᠂ ᠭᠦᠩᠵᠦ ᠰᠡᠴᠡᠨ ᠰᠡᠴᠢᠭᠯᠢᠭ ᠢ᠋ ᠬᠣᠢᠲᠤ ᠵᠢᠯ ᠦ᠋ᠨ ᠮᠥᠨ ᠬᠦ᠌ ᠴᠠᠭᠠᠨ ᠰᠠᠷ᠎ᠠ ᠶ᠋ᠢᠨ ᠰᠠᠢᠨ ᠡᠳᠦᠷ ᠶᠡᠬᠡ ᠶᠣᠰᠣᠯᠠᠯ ᠢ᠋ ᠬᠣᠯᠪᠣᠬᠤ ᠡᠳᠦᠷ ᠢ᠋ ᠰᠢᠯᠭᠠᠨ ᠲᠣᠭᠲᠠᠭ᠎ᠠ᠂ ᠠᠪᠠᠭ᠎ᠠ ᠹᠦ ᠮᠠ᠋ ᠶ᠋ᠢᠨ ᠲᠠᠪᠤᠨᠠᠩ  ᠪᠤᠲ᠋ᠤ ᠶ᠋ᠢᠨ ᠬᠥᠪᠡᠭᠦᠨ ᠨᠠᠨᠰᠠᠷ ᠲᠤᠷ ᠳᠡᠭᠦᠦ ᠸᠠᠩ ᠤ᠋ᠨ ᠥᠬᠢᠨ ᠮᠡᠷᠭᠡᠨ ᠰᠡᠴᠢᠭᠦᠨ ᠰᠢᠶᠠ ᠵᠢᠨ ᠪᠦᠸᠧ ᠵᠣ᠌ ᠶ᠋ᠢ ᠬᠣᠯᠪᠣᠬᠤ ᠠᠨᠤ ᠪᠤᠰᠤ ᠣᠪᠣᠭᠲᠠᠨ ᠲᠤᠯᠠ ᠦᠯᠦ ᠪᠣᠯᠬᠤ ᠬᠠᠤᠯᠢ ᠦᠭᠡᠢ᠂ ᠳᠠᠷᠤᠢ ᠤᠷᠤᠭ ᠲᠣᠭᠲᠠᠭ᠎ᠠ᠃ ᠡᠭᠦᠨ ᠳ᠋ᠦ᠍ᠷ ᠨᠠᠭᠠᠴᠤ ᠵᠢᠭᠡ ᠭᠡᠮᠡᠨ ᠴᠡᠭᠡᠷᠯᠡᠭᠰᠡᠨ ᠢᠨᠤ ᠳᠡᠭᠡᠷ᠎ᠡ ᠴᠥᠮ ᠡᠮᠦᠨᠡᠲᠦ ᠬᠢᠲᠠᠳ ᠤᠯᠤᠰ ᠤ᠋ᠨ ᠨᠢᠭᠤᠴᠠ ᠪᠠᠷ ᠡᠰᠢ ᠪᠡᠨ ᠰᠣᠯᠢᠬᠤ ᠪᠥᠭᠡᠳ ᠢᠯᠡ ᠪᠡᠷ ᠬᠣᠣᠷᠯᠠᠨ ᠬᠣᠨᠵᠢᠬᠤ ᠬᠡᠷᠡᠭ ᠴᠣᠬᠣᠮ ᠶᠠᠰᠤ ᠰᠢᠮ᠎ᠡ ᠥᠪᠡᠷ᠎ᠡ ᠪᠣᠯᠪᠠᠰᠤ ᠤᠷᠤᠭ ᠪᠠᠷᠢᠬᠤᠢ ᠳ᠋ᠤᠷ ᠶᠡᠬᠡ ᠶᠣᠰᠣ ᠳ᠋ᠤᠷ ᠦᠯᠦ ᠬᠠᠷᠰᠢᠮᠤᠢ᠃ ᠮᠡᠬᠦᠰ ᠨᠠᠳᠠ ᠳ᠋ᠤᠷ ᠬᠡᠳᠦᠢᠨᠡᠢ ᠡᠴᠡ ᠨᠢᠭᠡᠨ ᠦᠭᠡ ᠠᠭᠰᠭ᠋ᠠᠷ ᠪᠥᠯᠥᠭᠡ᠂ ᠡᠨᠡ ᠡᠳᠦᠷ ᠣᠳᠣ ᠡᠰᠡ ᠬᠡᠯᠡᠪᠡᠰᠦ ᠪᠣᠯᠬᠤ ᠦᠭᠡᠢ ᠪᠣᠯᠪᠠ᠃ ᠪᠢ ᠦᠵᠡᠪᠡᠰᠦ ᠮᠠᠨ ᠤ᠋ ᠤᠭ ᠦᠨᠳᠦᠰᠦ ᠡᠷᠲᠡᠨ ᠦ᠌ ᠱᠠᠭ᠍ᠵᠠᠯᠢᠭ ᠤ᠋ᠨ ᠢᠵᠠᠭᠤᠷᠲᠤ ᠮᠠᠾᠠᠰᠠᠮᠠᠳᠢ ᠬᠠᠭᠠᠨ ᠠ᠋ᠴᠠ ᠦᠨᠳᠦᠰᠦᠯᠡᠵᠦᠬᠦᠢ᠃ ᠵᠢᠴᠢ ᠡᠳᠦᠭᠡ ᠪᠠᠷᠠᠭᠤᠨ ᠬᠢᠵᠠᠭᠠᠷ ᠤ᠋ᠨ ᠲᠥᠪᠡᠳ ᠦ᠋ᠨ ᠪᠠᠷᠠᠭᠤᠨ ᠬᠣᠢᠲᠤ ᠤᠯᠤᠰ ᠲᠤᠷ ᠪᠠᠰᠠ ᠬᠦ᠌ ᠱᠠᠩᠵᠠᠯᠢᠭ᠋ ᠤ᠋ᠨ ᠶᠣᠰᠣ ᠪᠣᠢ᠃ ᠪᠢᠳᠡ ᠡᠳᠦᠭᠡ ᠳᠣᠣᠷ᠎ᠠ ᠭᠠᠵᠠᠷ ᠨᠡᠭᠦᠨ ᠢᠷᠡᠭᠰᠡᠨ ᠲᠤᠯᠠ ᠲᠡᠷᠡ ᠶᠣᠰᠣ ᠪᠠᠷ ᠤᠷᠤᠭ ᠪᠠᠷᠢᠪᠠᠰᠤ ᠪᠠᠬᠠᠨ ᠨᠡᠢᠴᠡᠬᠦ ᠦᠭᠡᠢ᠂ ᠣᠳᠣ ᠶᠠᠰᠤ ᠰᠢᠮ᠎ᠡ ᠥᠪᠡᠷ᠎ᠡ ᠪᠣᠯᠪᠠᠰᠤ ᠳᠠᠷᠤᠢ ᠤᠷᠤᠭ ᠪᠠᠷᠢᠬᠤᠢ ᠳ᠋ᠤᠷ ᠬᠥᠮᠦᠨ ᠦ᠌ ᠭᠣᠣᠯ ᠶᠣᠰᠣ ᠴᠣᠬᠣᠮ ᠤᠴᠢᠷ ᠣᠳᠣ ᠬᠠᠷᠰᠢᠬᠤ ᠦᠭᠡᠢ ᠪᠤᠶᠤ᠃ ᠲᠡᠢᠨ ᠬᠦ᠌ ᠮᠢᠨᠦ ᠲᠥᠷᠥᠭᠰᠡᠨ ᠡᠬᠡ ᠦᠯᠡᠭᠦᠦ ᠢᠷᠦᠭᠡᠯᠲᠦ ᠲᠠᠢᠬᠡᠦ ᠠ᠋ᠴᠠ ᠲᠡᠷᠢᠭᠦᠯᠡᠨ ᠤᠯᠤᠰ ᠤ᠋ᠨ ᠬᠣᠲᠠᠯᠠᠭᠠᠷ ᠤ᠋ᠨ ᠨᠡᠢᠲᠡ ᠪᠡᠷ ᠮᠡᠬᠦᠰ ᠮᠢᠨᠦ ᠪᠡᠶ᠎ᠡ ᠶ᠋ᠢ ᠵᠡᠭᠦᠳᠦᠨ ᠦ᠌ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠡᠴᠡ ᠣᠯᠪᠠ ᠭᠡᠮᠡᠨ ᠡᠭᠦᠷᠢᠳᠡ ᠬᠡᠯᠡᠯᠴᠡᠬᠦ ᠳ᠋ᠦ᠍ᠷ ᠪᠢ ᠦᠯᠦ ᠢᠳᠡᠭᠡᠨ᠂ ᠬᠣᠢᠨ᠎ᠠ ᠬᠡᠷᠡᠢᠳ ᠠᠢᠮᠠᠭ ᠢ᠋ ᠲᠠᠢᠯᠠᠬᠤᠢ ᠳ᠋ᠤᠷ ᠪᠠᠵᠤᠨᠠᠢ ᠮᠥᠷᠡᠨ ᠦ᠌ ᠬᠥᠪᠡᠭᠡ ᠳ᠋ᠦ᠍ᠷ ᠪᠡᠶ᠎ᠡ ᠡᠴᠡ ᠴᠢᠰᠤ ᠭᠠᠷᠭᠠᠨ ᠪᠤᠯᠠᠩᠭᠢᠷ ᠤᠰᠤ ᠶ᠋ᠢ ᠤᠤᠭᠤᠵᠤ ᠭᠠᠴᠢᠭ᠍ᠳᠠᠬᠤ ᠶ᠋ᠢᠨ ᠦᠶ᠎ᠡ᠂ ᠮᠢᠨᠦ ᠳᠥᠷᠪᠡᠨ ᠳᠡᠭᠦᠦ ᠶ᠋ᠢᠨ ᠴᠢᠰᠤ ᠯᠤᠭ᠎ᠠ ᠠᠷᠢᠬᠢ ᠳ᠋ᠤᠷ ᠲᠣᠰᠤᠭᠠᠭᠰᠠᠨ ᠳ᠋ᠤᠷ᠂ ᠮᠢᠨᠦ ᠴᠢᠰᠤ ᠶᠡᠷᠦ ᠨᠡᠢᠯᠡᠬᠦ ᠦᠭᠡᠢ ᠳ᠋ᠦ᠍ᠷ ᠪᠢ ᠰᠠᠶᠢ ᠡᠷᠲᠡᠨ ᠦ᠌ ᠲᠡᠳᠡᠭᠡᠷ ᠦᠭᠡᠰ ᠢ᠋ ᠢᠲᠡᠭᠡᠵᠦ᠂ ᠮᠢᠨᠦ ᠡᠬᠡ ᠲᠠᠢᠬᠡᠦ ᠶ᠋ᠢᠨ ᠬᠡᠯᠡᠭᠰᠡᠨ ᠨᠠᠮᠠᠶ᠋ᠢ ᠥᠪᠡᠷ᠎ᠡ ᠠᠯᠲᠠᠨ ᠶᠠᠰᠤᠲᠤ ᠴᠠᠭᠠᠨ ᠥᠩᠭᠡᠲᠦ ᠬᠡᠮᠡᠭᠰᠡᠨ ᠵᠠᠷᠯᠢᠭ ᠢ᠋ ᠦᠨᠡᠮᠰᠢᠨ ᠪᠢᠰᠢᠷᠡᠭᠰᠡᠨ ᠪᠣᠯᠠᠢ᠃ ᠡᠳᠦᠭᠡ ᠳᠥᠷᠪᠡᠨ ᠳᠡᠭᠦᠦ ᠲᠠᠨ ᠤ᠋ ᠪᠡᠶ᠎ᠡ ᠪᠠᠰᠠ ᠴᠥᠮ ᠡᠨᠳᠡ ᠪᠣᠢ ᠲᠤᠯᠠ ᠤᠯᠤᠰ ᠤ᠋ᠨ ᠨᠡᠢᠲᠡ ᠲᠦᠰᠢᠮᠡᠳ ᠰᠠᠢᠳ ᠤ᠋ᠨ ᠡᠮᠦᠨ᠎ᠡ ᠡᠭᠦᠨ ᠢ᠋ ᠮᠥᠨ ᠢᠯᠡᠳᠬᠡᠨ ᠲᠣᠳᠣᠯᠠᠬᠤ ᠠᠨᠤ ᠶᠡᠬᠡ ᠶᠣᠰᠣ ᠪᠤᠶᠤ᠃ ᠪᠢ ᠪᠣᠳᠣᠪᠠᠰᠤ ᠮᠢᠨᠦ ᠡᠨᠡ ᠪᠡᠶ᠎ᠡ ᠮᠠᠭᠠᠳ ᠲᠡᠭᠷᠢ ᠶ᠋ᠢᠨ ᠤᠭᠰᠠᠭ᠎ᠠ ᠲᠤᠯᠠ ᠵᠠᠯᠭᠠᠮᠵᠢᠯᠠᠬᠤ ᠰᠢᠮ᠎ᠡ ᠬᠡᠷᠬᠢᠪᠡᠴᠦ ᠡᠩ ᠡᠴᠡ ᠡᠲᠡᠭᠡᠳ ᠡᠷᠬᠢᠮ ᠢᠨᠤ ᠮᠠᠭᠠᠳ ᠪᠤᠶᠤ᠃ ᠡᠳᠦᠭᠡ ᠪᠢ ᠦᠷᠡᠰ ᠰᠢᠮ᠎ᠡ ᠪᠡᠷ ᠭᠠᠳᠠᠭᠠᠳᠤ ᠬᠠᠰ ᠤ᠋ᠨ ᠦᠷᠡᠰ ᠪᠠ ᠭᠠᠪᠢᠶᠠᠲᠤ ᠰᠠᠢᠳ ᠤ᠋ᠨ ᠬᠡᠦᠬᠡᠳ ᠯᠦ᠍ᠭᠡ ᠤᠷᠤᠭ ᠰᠠᠭᠤᠵᠤ᠂ ᠡᠨᠡ ᠴᠢᠨᠠᠷ ᠰᠢᠮ᠎ᠡ ᠶ᠋ᠢ ᠪᠤᠰᠤ ᠣᠪᠣᠭᠲᠠᠨ ᠴᠥᠮ ᠬᠦᠷᠲᠡᠵᠦ ᠴᠢᠳᠠᠬᠤ ᠲᠤᠯᠠ ᠲᠡᠳᠡᠨ ᠦ᠌ ᠦᠷ᠎ᠡ ᠠᠴᠢᠷ ᠯᠠᠪ ᠥᠪᠡᠷᠮᠢᠴᠡ ᠪᠤᠶᠠᠨ ᠪᠢᠯᠢᠭ ᠲᠡᠢ ᠲᠥᠷᠥᠵᠦ᠂ ᠠᠯᠢᠪᠠ ᠤᠪᠠᠳᠢᠰ ᠢ᠋ ᠬᠢᠯᠪᠠᠷ ᠣᠯᠵᠤ᠂ ᠭᠠᠭᠴᠠ ᠮᠠᠨ ᠤ᠋ ᠤᠭᠰᠠᠭ᠎ᠠ ᠪᠠ ᠳᠥᠷᠪᠡᠨ ᠳᠡᠭᠦᠦ ᠲᠠ ᠣᠷᠴᠢᠯᠠᠩ ᠤ᠋ᠨ ᠨᠡᠷ᠎ᠡ ᠶ᠋ᠢᠨ ᠤᠴᠢᠷ ᠦᠨᠳᠦᠰᠦᠨ ᠳ᠋ᠦ᠍ᠷ ᠨᠢᠭᠡᠨ ᠤᠭᠰᠠᠭ᠎ᠠ ᠪᠤᠰᠤ ᠠᠲᠠᠯ᠎ᠠ ᠦᠵᠡᠭᠳᠡᠯ ᠦ᠋ᠨ ᠨᠢᠭᠡᠨ ᠤᠭᠰᠠᠭ᠎ᠠ ᠭᠡᠮᠡᠨ ᠴᠥᠮ ᠥᠪᠡᠷ᠎ᠡ ᠶᠠᠰᠤᠲᠠᠨ ᠯᠤᠭ᠎ᠠ ᠤᠷᠤᠭ ᠪᠠᠷᠢᠭ᠍ᠰᠠᠭᠠᠷ ᠬᠡᠳᠦᠨ ᠦᠶ᠎ᠡ ᠪᠣᠯᠪᠠᠰᠤ ᠲᠠᠨ ᠤ᠋ ᠪᠣᠷᠵᠢᠭᠢᠳ ᠤ᠋ᠨ ᠤᠭᠰᠠᠭ᠎ᠠ ᠮᠥᠨ ᠪᠠᠯᠠᠷᠠᠨ ᠬᠠᠭᠤᠴᠢᠷᠠᠵᠤ᠂ ᠴᠠᠭᠠᠨ ᠶᠠᠰᠤᠨ ᠬᠠᠷᠠᠯᠠᠬᠤᠢ ᠳ᠋ᠤᠷ ᠬᠦᠷᠴᠦ ᠪᠤᠰᠤᠳ ᠠ᠋ᠴᠠ ᠣᠨᠴᠠᠭᠠᠢ ᠪᠣᠯᠬᠤ ᠨᠢᠭᠡᠨ ᠵᠦᠢᠯ ᠯᠠᠪ ᠰᠦᠢᠳᠦᠨ ᠪᠠᠯᠠᠷᠠᠬᠤ ᠲᠤᠯᠠ ᠮᠠᠰᠢ ᠬᠠᠢᠷᠠᠬᠠᠨ᠃ ᠲᠡᠢᠨ ᠬᠦ᠌ ᠳᠥᠷᠪᠡᠨ ᠳᠡᠭᠦᠦ ᠨᠠᠳᠠ ᠯᠤᠭ᠎ᠠ ᠨᠢᠭᠡᠨ ᠶᠠᠰᠤ ᠨᠢᠭᠡᠨ ᠰᠢᠮ᠎ᠡ ᠪᠤᠰᠤ ᠶ᠋ᠢᠨ ᠲᠤᠯᠠ ᠮᠠᠨ ᠤ᠋ ᠦᠶ᠎ᠡ ᠰᠤᠨᠵᠤ ᠲᠠᠪᠤᠨ ᠦᠶ᠎ᠡ ᠳᠣᠯᠣᠭᠠᠨ ᠦᠶ᠎ᠡ ᠶ᠋ᠢᠨ ᠬᠣᠢᠨ᠎ᠠ ᠮᠠᠨ ᠤ᠋ ᠦᠷᠡᠰ ᠯᠦ᠍ᠭᠡ ᠤᠷᠤᠭ ᠪᠠᠷᠢᠪᠠᠰᠤ ᠮᠠᠨ ᠤ᠋ ᠤᠭ ᠪᠣᠷᠵᠢᠭᠢᠳ ᠢᠵᠠᠭᠤᠷ ᠴᠤ᠌ ᠴᠠᠭᠠᠨ ᠶᠠᠰᠤᠲᠤ ᠲᠡᠭᠷᠢ ᠶ᠋ᠢᠨ ᠦᠷᠡᠰ ᠪᠣᠳᠣᠨᠴᠠᠷ ᠤ᠋ᠨ ᠤᠭᠰᠠᠭ᠎ᠠ᠂ ᠡᠳᠦᠭᠡ ᠪᠢ ᠪᠠᠰᠠ ᠪᠠᠳᠠᠷᠠᠩᠭᠤᠢ ᠴᠠᠭᠠᠨ ᠰᠦᠯᠳᠡ ᠲᠡᠭᠷᠢ ᠡᠴᠢᠭᠡ ᠡᠴᠡ ᠤᠯᠠᠮᠵᠢᠯᠠᠭᠰᠠᠨ ᠲᠤᠯᠠ ᠬᠣᠶᠠᠷ ᠠᠷᠢᠭᠤᠨ ᠴᠠᠭᠠᠨ ᠭᠡᠭᠡᠬᠡᠨ ᠬᠠᠰ ᠬᠦᠴᠦᠲᠦ ᠦᠨᠳᠦᠰᠦ ᠬᠠᠮᠲᠤᠳᠪᠠᠰᠤ ᠬᠣᠢᠴᠢ ᠡᠳᠦᠷ ᠬᠠᠳᠠ ᠶᠠᠰᠤᠲᠤ ᠮᠢᠨᠦ ᠦᠷᠡᠰ᠂ ᠴᠠᠭᠠᠨ ᠶᠠᠰᠤᠲᠤ ᠲᠠᠨ ᠤ᠋ ᠦᠷᠡᠰ ᠬᠠᠷᠢᠯᠴᠠᠨ ᠤᠯᠠᠮᠵᠢᠯᠠᠪᠠᠰᠤ᠂ ᠡᠷᠬᠡᠪᠰᠢ ᠡᠭᠡᠯ ᠥᠲᠡᠯ᠎ᠡ ᠡᠩ ᠦ᠋ᠨ ᠵᠡᠷᠭᠡ ᠡᠴᠡ ᠥᠪᠡᠷᠮᠢᠴᠡ ᠨᠢᠭᠡᠨ ᠵᠦᠢᠯ ᠢ᠋ᠶ᠋ᠡᠷ ᠪᠤᠰᠤᠳ ᠠ᠋ᠴᠠ ᠦᠯᠡᠮᠵᠢ ᠢᠯᠡᠭᠦᠦ ᠲᠥᠷᠥᠵᠦ᠂ ᠤᠪᠠᠳᠢᠰ ᠰᠢᠳᠢ ᠶ᠋ᠢ ᠣᠯᠬᠤᠢ ᠳ᠋ᠤᠷ ᠬᠢᠯᠪᠠᠷ ᠪᠣᠯᠵᠤ᠂ ᠲᠦᠮᠡᠨ ᠣᠨ ᠤᠳᠠᠲᠠᠯ᠎ᠠ ᠮᠠᠨᠳᠤᠨ ᠣᠨᠴᠠᠭᠠᠢ ᠶᠠᠪᠤᠬᠤ ᠪᠣᠯᠠᠢ᠃ ᠡᠨᠡ ᠦᠭᠡᠰ ᠢ᠋ ᠪᠢ ᠥᠪᠡᠷ ᠢ᠋ᠶ᠋ᠡᠨ ᠡᠰᠡ ᠢᠯᠭᠠᠨ ᠲᠣᠭᠲᠠᠭᠠᠪᠠᠰᠤ ᠬᠣᠵᠢᠮ ᠮᠢᠨᠦ ᠡᠬᠡ ᠲᠠᠢᠬᠡᠦ ᠲᠡᠭᠷᠢ ᠳ᠋ᠦ᠍ ᠲᠠᠪᠰᠢᠵᠤ᠂ ᠮᠢᠨᠦ ᠪᠡᠶ᠎ᠡ ᠶᠢᠷᠲᠢᠨᠴᠦ ᠶ᠋ᠢ ᠬᠡᠰᠦᠨ ᠥᠩᠭᠡᠷᠡᠭᠰᠡᠨ ᠬᠣᠢᠨ᠎ᠠ ᠬᠡᠨ ᠡᠨᠡ ᠮᠡᠲᠦ ᠳᠣᠲᠣᠷᠬᠠᠶ᠎ᠠ ᠢᠯᠭᠠᠨ ᠴᠢᠳᠠᠮᠤᠢ ? ᠮᠢᠨᠦ ᠡᠳᠡᠭᠡᠷ ᠢᠯᠭᠠᠯ ᠠᠨᠤ ᠪᠢ ᠪᠡᠶ᠎ᠡ ᠪᠡᠨ ᠬᠠᠭᠠᠨ ᠰᠠᠭᠤᠪᠠ ᠭᠡᠮᠡᠨ ᠳᠥᠷᠪᠡᠨ ᠳᠡᠭᠦᠦ ᠪᠡᠨ ᠳᠣᠷᠣᠮᠵᠢᠯᠠᠭᠰᠠᠨ ᠠᠨᠤ ᠪᠤᠰᠤ᠂ ᠡᠴᠦᠰ ᠲᠦ᠍ᠷ ᠬᠦᠨᠳᠦᠳᠡ ᠦᠶ᠎ᠡ ᠦᠶ᠎ᠡ ᠶ᠋ᠢᠨ ᠦᠷ᠎ᠡ ᠶ᠋ᠢᠨ ᠦᠷ᠎ᠡ ᠶ᠋ᠢ ᠰᠠᠨᠠᠭᠰᠠᠨ ᠬᠡᠷᠡᠭ᠂ ᠡᠳᠦᠭᠡ ᠨᠢᠳᠦᠨ ᠦ᠌ ᠳᠣᠣᠷ᠎ᠠ ᠬᠡᠳᠦᠢ ᠬᠡᠷᠡᠭ ᠦᠭᠡᠢ ᠪᠣᠯᠪᠠᠴᠤ ᠬᠣᠵᠢᠮ ᠵᠠᠭᠤᠨ ᠮᠢᠩᠭᠠᠨ ᠲᠦᠮᠡᠨ ᠣᠨ ᠳ᠋ᠤ᠌ ᠮᠠᠰᠢ ᠶᠡᠬᠡ ᠲᠤᠰᠠ ᠴᠢᠳᠠᠯ ᠤᠴᠢᠷ ᠭᠠᠪᠢᠶᠠᠲᠠᠢ ᠪᠣᠯᠬᠤ ᠪᠣᠯᠠᠢ ! 》ᠭᠡᠮᠡᠨ  ᠵᠠᠷᠯᠢᠭ ᠪᠣᠯᠤᠭᠰᠠᠨ ᠳ᠋ᠤᠷ ᠳᠥᠷᠪᠡᠨ ᠳᠡᠭᠦᠦ ᠥᠭᠡᠯᠦᠨ ᠲᠠᠢᠬᠡᠦ ᠠ᠋ᠴᠠ ᠤᠷᠢᠳᠠ ᠰᠣᠨᠣᠰᠤᠭᠰᠠᠨ ᠪᠠ ᠵᠢᠴᠢ ᠡᠳᠡᠭᠡᠷ ᠬᠡᠷᠡᠭ ᠢ᠋ ᠤᠯᠤᠰ ᠤ᠋ᠨ ᠬᠣᠲᠠᠯᠠ ᠨᠡᠢᠲᠡ ᠪᠡᠷ ᠳᠣᠳᠤᠷᠬᠠᠶ᠎ᠠ ᠬᠡᠯᠡᠯᠴᠡᠨ ᠮᠡᠳᠡᠬᠦ ᠬᠡᠷᠡᠭ ᠲᠤᠯᠠ  ᠪᠡᠯᠭᠦᠳᠡᠢ᠂ ᠬᠠᠰᠠᠷ᠂ ᠭᠠᠴᠤᠭ᠂ ᠤᠴᠢᠭ ᠨᠠᠷ ᠲᠡᠷᠢᠭᠦᠯᠡᠨ ᠶᠡᠬᠡᠯ᠎ᠡ ᠪᠢᠰᠢᠷᠡᠨ ᠰᠦᠰᠦᠭᠯᠡᠵᠦ᠂ ᠵᠠᠭᠤᠨ ᠲᠦᠰᠢᠮᠡᠳ ᠨᠢᠭᠡᠨ ᠳᠠᠭᠤᠨ ᠢ᠋ᠶ᠋ᠠᠷ《ᠲᠦᠮᠡᠨ ᠨᠠᠰᠤᠲᠤ ! ᠲᠦᠮᠡᠨ ᠨᠠᠰᠤᠲᠤ ! 》ᠭᠡᠮᠡᠨ ᠳᠠᠭᠤᠳᠠᠯᠴᠠᠵᠤ ᠮᠥᠷᠭᠥᠪᠡ᠃ 
 
– – – –   
①  ᠴᠣᠬᠣᠮ ᠳ᠋ᠤᠷ ᠸᠠᠩ ᠤ᠋ᠨ ᠪᠦᠸᠧ ᠵᠣ᠌ ᠥᠬᠢᠳ ᠢ᠋ ᠴᠥᠮ ᠦ᠋ᠨ ᠵᠣ᠌ ᠬᠡᠮᠡᠮᠦᠢ ᠂ ᠲᠡᠢᠨ ᠬᠦ᠌ ᠵᠢᠶᠦ᠋ᠨ ᠵᠣ᠌ ᠭᠡᠮᠡᠨ ᠪᠢᠴᠢᠰᠦᠭᠡᠢ ᠬᠡᠮᠡᠬᠦᠯ᠎ᠡ ᠶᠤᠸᠠᠨ ᠤ᠋ ᠰᠤᠳᠤᠷ ᠲᠤ᠌ ᠴᠥᠮ ᠪᠦᠸᠧ ᠵᠣ᠌ ᠭᠡᠮᠡᠨ ᠪᠢᠴᠢᠵᠦᠬᠦᠢ ᠂ ᠡᠰᠡᠬᠦᠯ᠎ᠡ ᠲᠡᠷᠡ ᠦᠶ᠎ᠡ ᠳ᠋ᠦ᠍ᠷ ᠵᠢᠶᠦ᠋ᠨ ᠵᠣ᠌ ᠨᠠᠷ ᠢ᠋ ᠪᠦᠸᠧ  ᠵᠣ᠌ ᠬᠡᠮᠡᠳᠡᠭ ᠪᠣᠯᠪᠠᠤ ᠂ ᠡᠰᠡᠬᠦᠯ᠎ᠡ ᠬᠣᠵᠢᠮ ᠤ᠋ᠨ ᠰᠤᠳᠤᠷᠴᠢ ᠨᠠᠷ ᠡᠨᠳᠡᠭᠦᠷᠡᠭᠰᠡᠨ ᠪᠣᠯᠪᠠᠤ ᠂ ᠠᠯᠢᠨ ᠢ᠋ ᠡᠰᠡ ᠮᠡᠳᠡᠪᠡᠢ ᠃ ᠲᠡᠢᠨ ᠬᠦ᠌ ᠠᠶᠤᠮᠰᠢᠭ᠋ ᠦᠭᠡᠢ ᠰᠠᠨᠠᠭᠠᠪᠴᠢᠯᠠᠨ ᠡᠰᠡ ᠬᠠᠯᠠᠵᠤ ᠂ ᠤᠭ ᠰᠤᠳᠤᠷ ᠤ᠋ᠨ ᠶᠣᠰᠣᠭᠠᠷ ᠪᠦᠸᠧ ᠵᠣ᠌ ᠭᠡᠮᠡᠨ ᠳᠠᠭᠠᠭᠤᠯᠤᠨ ᠪᠢᠴᠢᠭᠰᠡᠨ ᠢ᠋ ᠡᠷᠳᠡᠮᠲᠡᠨ ᠪᠠᠭ᠍ᠰᠢ ᠨᠠᠷ ᠲᠣᠯᠢᠯᠠᠨ ᠮᠡᠳᠡᠮᠦ ᠃

       ᠲᠡᠳᠦᠢ ᠲᠠᠢᠽᠦ ᠴᠢᠩᠭᠢᠰ ᠬᠠᠭᠠᠨ ᠪᠠᠰᠠ ᠵᠠᠷᠯᠢᠭ ᠪᠣᠯᠤᠷᠤᠨ :《ᠡᠭᠦᠨ ᠡᠴᠡ ᠬᠣᠢᠨ᠎ᠠ᠂  ᠹᠦ ᠮᠠ᠋ ᠲᠠᠪᠤᠨᠠᠩ ᠪᠤᠲ᠋ᠤ ᠬᠢᠭᠡᠳ ᠡᠳᠦᠭᠡ ᠮᠢᠨᠦ ᠬᠦᠷᠭᠡᠨ ᠤᠯᠤᠰ ᠤ᠋ᠨ ᠹᠦ ᠮᠠ᠋ ᠲᠠᠪᠤᠨᠠᠩ ᠴᠡᠴᠡᠭ ᠦ᠋ᠨ ᠡᠨᠡ ᠬᠣᠶᠠᠷ ᠤ᠋ᠨ ᠭᠦᠩᠵᠦ ᠡᠴᠡ ᠰᠢᠮᠡᠳᠦᠭᠰᠡᠨ ᠦᠷᠡᠰ ᠢ᠋ ᠡᠨᠡ ᠡᠳᠦᠷ ᠡᠴᠡ ᠮᠢᠨᠦ ᠲᠠᠢᠽᠢ ᠨᠠᠷ ᠯᠤᠭ᠎ᠠ ᠳᠠᠩ ᠰᠠᠴᠠᠭᠤ ᠪᠣᠯᠭ᠎ᠠ ᠂ ᠡᠨᠡ ᠢᠨᠤ ᠦᠶ᠎ᠡ ᠦᠶ᠎ᠡ ᠶ᠋ᠢᠨ ᠦᠷ᠎ᠡ ᠶ᠋ᠢᠨ ᠦᠷ᠎ᠡ ᠳ᠋ᠦ᠍ᠷ ᠵᠠᠯᠭᠠᠮᠵᠢᠯᠠᠬᠤ ᠬᠠᠤᠯᠢ ᠪᠣᠯᠭ᠎ᠠ! 》ᠭᠡᠮᠡᠨ ᠵᠠᠷᠯᠢᠭ ᠪᠠᠭᠤᠯᠭᠠᠨ ᠲᠣᠭᠲᠠᠭᠠᠭᠠᠳ ᠳᠠᠷᠤᠢ ᠴᠢᠩᠭᠢᠰ ᠬᠠᠭᠠᠨ ᠤ᠋ ᠭᠡᠭᠡᠨ ᠲᠡᠷᠢᠭᠦᠯᠡᠵᠦ ᠳᠥᠷᠪᠡᠨ ᠳᠡᠭᠦᠦ ᠶᠢᠰᠦᠨ ᠡᠩ ᠢ᠋ ᠳᠠᠭᠠᠭᠤᠯᠤᠨ᠂ ᠦᠯᠡᠭᠦᠦ ᠢᠷᠦᠭᠡᠯᠲᠦ ᠲᠠᠢᠬᠡᠦ ᠶ᠋ᠢᠨ ᠣᠷᠳᠣᠨ᠎ᠠ ᠢᠷᠡᠵᠦ᠂ ᠡᠳᠡᠭᠡᠷ ᠤᠴᠢᠷ ᠢ᠋ ᠲᠣᠳᠣᠷᠬᠠᠢᠯᠠᠨ ᠠᠢᠯᠠᠳᠬᠠᠵᠤ᠂ ᠵᠢᠴᠢ ᠲᠠᠢᠽᠦ ᠴᠢᠩᠭᠢᠰ ᠬᠠᠭᠠᠨ ᠤ᠋ ᠶᠠᠰᠤ ᠥᠪᠡᠷ᠎ᠡ ᠶ᠋ᠢ ᠤᠯᠤᠰ ᠤ᠋ᠨ ᠬᠣᠲᠠᠯᠠᠭᠠᠷ᠂ ᠦᠯᠡᠭᠦᠦ ᠲᠠᠢᠬᠡᠦ ᠶ᠋ᠢᠨ ᠠᠯᠲᠠᠨ ᠠᠮᠠᠨ ᠠ᠋ᠴᠠ ᠲᠣᠳᠣᠷᠬᠠᠢ ᠰᠣᠨᠣᠰᠴᠤ ᠲᠡᠮᠦᠷ ᠬᠠᠪᠲᠠᠭᠠᠢᠯ ᠠᠯᠲᠠᠨ ᠰᠢᠪᠠᠭ᠎ᠠ ᠳ᠋ᠤᠷ ᠲᠡᠮᠳᠡᠭᠯᠡᠵᠦ᠂ ᠲᠠᠢᠽᠦ ᠶ᠋ᠢᠨ ᠵᠠᠷᠯᠢᠭ ᠢ᠋ ᠳᠣᠣᠷ᠎ᠠ ᠠᠨᠤ ᠰᠡᠢᠯᠵᠦ ᠬᠣᠲᠠᠯᠠ ᠮᠣᠩᠭᠣᠯ ᠳ᠋ᠤᠷ ᠵᠠᠷᠤᠪᠠ᠃ ᠲᠡᠳᠦᠢ ᠲᠠᠢᠽᠦ ᠴᠢᠩᠭᠢᠰ ᠬᠠᠭᠠᠨ ᠶᠡᠬᠡ ᠲᠥᠷᠥ ᠳ᠋ᠦ᠍ᠷ ᠡᠭᠡᠵᠦ ᠵᠠᠭᠤᠨ ᠲᠦᠰᠢᠮᠡᠳ ᠲᠣᠷ ᠵᠠᠷᠯᠢᠭ ᠪᠣᠯᠤᠷᠤᠨ :《ᠪᠢ ᠡᠨᠡ ᠬᠠᠤᠯᠢ ᠶ᠋ᠢ ᠬᠣᠵᠢᠮ ᠨᠠᠰᠤᠨ ᠤ᠋ ᠡᠴᠦᠰ ᠦ᠋ᠨ ᠦᠶ᠎ᠡ ᠳ᠋ᠦ᠍ᠷ ᠲᠣᠭᠲᠠᠭᠠᠰᠤᠭᠠᠢ ᠬᠡᠮᠡᠭᠰᠡᠨ ᠪᠥᠯᠥᠭᠡ᠃ ᠭᠠᠭᠴᠠ ᠣᠷᠴᠢᠯᠠᠩ ᠤ᠋ᠨ ᠬᠥᠮᠦᠨ ᠮᠥᠩᠬᠡ ᠶ᠋ᠢᠨ ᠬᠠᠤᠯᠢ ᠦᠭᠡᠢ ᠲᠤᠯᠠ ᠮᠢᠨᠦ ᠡᠬᠡ ᠲᠠᠢᠬᠡᠦ ᠬᠡᠷᠪᠡ ᠲᠡᠭᠷᠢ ᠳ᠋ᠦ᠍ ᠡᠭᠡᠪᠡᠰᠦ᠂ ᠡᠨᠡ ᠦᠭᠡ ᠬᠡᠢᠳᠡᠮ ᠪᠣᠯᠬᠤ ᠪᠤᠰᠤ ᠤᠤ ?  ᠲᠡᠢᠨ ᠬᠦ᠌ ᠠᠷᠭ᠎ᠠ ᠦᠭᠡᠢ ᠡᠨᠡ ᠡᠳᠦᠷ ᠲᠣᠳᠣᠷᠬᠠᠢᠯᠠᠨ ᠵᠠᠬᠢᠵᠤ ᠲᠣᠭᠲᠠᠭᠠᠨ ᠬᠣᠴᠣᠷᠤᠭᠤᠯᠪᠠ᠃ ᠵᠢᠴᠢ ᠬᠣᠢᠰᠢ ᠡᠳᠦᠷ ᠦ᠋ᠨ ᠰᠠᠭᠤᠷᠢᠨ ᠵᠠᠯᠭᠠᠮᠵᠢᠯᠠᠬᠤ ᠬᠡᠦᠬᠡᠳ ᠠᠴᠢᠷ ᠬᠡᠷᠪᠡ ᠮᠠᠨ ᠤ᠋ ᠨᠠᠭᠠᠴᠤ ᠣᠯᠬᠤᠨᠤᠳ ᠪᠠ ᠮᠢᠨᠦ ᠬᠠᠳᠠᠮ ᠬᠣᠩᠭᠢᠷᠠᠳ ᠡᠨᠡ ᠬᠣᠶᠠᠷ ᠠᠢᠮᠠᠭ ᠠ᠋ᠴᠠ ᠬᠠᠲᠤᠳ ᠠᠪᠤᠭᠰᠠᠨ ᠠᠨᠤ ᠪᠠᠢᠪᠠᠰᠤ᠂ ᠡᠭᠦᠨ ᠡᠴᠡ ᠪᠤᠰᠤᠳ ᠢ᠋ ᠲᠥᠪ ᠰᠠᠭᠤᠳᠠᠯ ᠤ᠋ᠨ ᠬᠤᠸᠠᠩᠬᠡᠦ ᠲᠠᠢᠬᠡᠦ ᠡᠷᠭᠦᠵᠦ ᠪᠣᠯᠬᠤ ᠦᠭᠡᠢ᠃ ᠡᠨᠡ ᠢᠨᠤ ᠮᠠᠨ ᠤ᠋ ᠮᠣᠩᠭᠣᠯ ᠤᠯᠤᠰ ᠤ᠋ᠨ ᠦᠨᠳᠦᠰᠦ ᠪᠣᠯᠤᠭᠰᠠᠨ ᠡᠬᠡ ᠪᠣᠯᠠᠢ 》ᠬᠡᠮᠡᠪᠡ᠃ ᠲᠡᠳᠦᠢ ᠵᠠᠭᠤᠨ ᠲᠦᠰᠢᠮᠡᠳ ᠨᠢᠭᠡᠨ ᠳᠠᠭᠤᠨ ᠢ᠋ᠶ᠋ᠠᠷ 《ᠲᠦᠮᠡᠨ ᠨᠠᠰᠤᠲᠤ ! 》ᠭᠡᠮᠡᠨ ᠮᠥᠷᠭᠥᠵᠦ᠂ ᠡᠳᠡᠭᠡᠷ  ᠵᠠᠷᠯᠢᠭ ᠢ᠋ ᠠᠯᠲᠠᠨ ᠲᠡᠮᠦᠷ ᠬᠤᠯᠤᠰᠤ ᠴᠢᠯᠠᠭᠤ ᠳ᠋ᠤᠷ ᠰᠡᠢᠯᠦᠨ ᠲᠡᠮᠳᠡᠭᠯᠡᠵᠦ᠂ ᠲᠣᠷᠭ᠎ᠠ ᠲᠥᠷᠭᠡ ᠭᠬᠢᠪ ᠴᠠᠭᠠᠰᠤᠨ᠎ᠠ ᠪᠢᠴᠢᠵᠦ ᠲᠠᠷᠬᠠᠭᠠᠨ ᠬᠠᠭᠤᠯᠤᠭᠤᠯᠪᠠᠢ ᠃ ᠳᠠᠷᠤᠢ ᠲᠠᠢᠽᠦ ᠴᠢᠩᠭᠢᠰ ᠬᠠᠭᠠᠨ ᠤ᠋ ᠬᠠᠵᠠᠭᠤ ᠠ᠋ᠴᠠ ᠰᠠᠢᠬᠠᠨ ᠰᠤᠷᠲᠠᠯᠲᠤ ᠭᠠᠷᠴᠤ ᠥᠨᠳᠥᠷ ᠳᠠᠭᠤᠨ ᠢ᠋ᠶ᠋ᠠᠷ ᠠᠰᠠᠭᠤᠷᠤᠨ : 《ᠵᠠᠭᠤᠨ ᠲᠦᠰᠢᠮᠡᠳ ᠬᠡᠷᠡᠭ ᠠᠪᠠᠰᠤ ᠠᠢᠯᠠᠳᠬ᠎ᠠ᠂ ᠬᠡᠷᠡᠭ ᠦᠭᠡᠢ ᠪᠥᠭᠡᠰᠦ ᠡᠵᠡᠨ ᠤᠷᠳᠣᠨ᠎ᠠ ᠡᠭᠡᠮᠦᠢ᠃ 》ᠬᠡᠮᠡᠬᠦᠢ ᠳ᠋ᠦ᠍ᠷ ᠲᠣᠷᠭᠠᠨ ᠰᠢᠷ᠎ᠠ᠂ ᠲᠠᠢ ᠰᠡᠴᠡᠨ ᠬᠣᠶᠠᠭᠤᠯᠠ ᠲᠠᠢᠽᠦ ᠴᠢᠩᠭᠢᠰ ᠬᠠᠭᠠᠨ ᠤ᠋ ᠬᠠᠭᠤᠯᠤᠨ ᠪᠠᠭᠤᠯᠭᠠᠭᠰᠠᠨ ᠤᠯᠤᠰ ᠤ᠋ᠨ ᠬᠡᠷᠡᠭ ᠭᠤᠷᠪᠠᠨ ᠵᠦᠢᠯ ᠢ᠋ ᠦᠵᠡᠭᠡᠳ ᠭᠠᠭᠴᠠ ᠬᠠᠭᠠᠨ ᠤ᠋ ᠪᠡᠶ᠎ᠡ ᠪᠡᠷ ᠨᠠᠢ᠍ᠮᠠᠨ ᠢ᠋ ᠳᠠᠢᠯᠠᠬᠤ ᠨᠢᠭᠡᠨ ᠠᠩᠭᠢ ᠶ᠋ᠢ ᠦᠵᠡᠭᠡᠳ ᠵᠡᠷᠭᠡ ᠡᠴᠡ ᠭᠠᠷᠴᠤ ᠡᠢᠨ ᠬᠦ᠌ ᠠᠢᠯᠠᠳᠬᠠᠷᠤᠨ :《ᠡᠵᠡᠨ ᠬᠡᠮᠡᠭᠴᠢ ᠤᠯᠤᠰ ᠤ᠋ᠨ ᠲᠣᠯᠣᠭᠠᠢ ᠲᠡᠷᠢᠭᠦᠨ ᠪᠡᠶ᠎ᠡ ᠶ᠋ᠢ ᠬᠦᠨᠳᠦᠳᠬᠡᠪᠡᠰᠦ ᠵᠣᠬᠢᠮᠤᠢ᠃ ᠤᠷᠢᠳᠤ ᠦᠶ᠎ᠡ ᠳ᠋ᠦ᠍ᠷ ᠦᠯᠢᠳᠬᠡᠵᠦ ᠦᠯᠦ ᠪᠣᠯᠤᠮᠤᠢ ᠂ ᠯᠤᠤ ᠭᠠᠷᠤᠳᠢ ᠤᠷᠲᠤ ᠳ᠋ᠤ᠌ ᠡᠷᠭᠢᠵᠦ ᠦᠯᠦ ᠪᠣᠯᠣᠮᠢ᠃ ᠯᠤᠤ ᠡᠷᠬᠡᠪᠰᠢ ᠵᠤᠵᠠᠭᠠᠨ ᠡᠭᠦᠯᠡ ᠪᠡᠷ ᠪᠡᠶ᠎ᠡ ᠪᠡᠨ ᠬᠠᠯᠬᠠᠯᠠᠵᠤ᠂ ᠪᠠᠷᠰ ᠡᠷᠬᠡᠪᠰᠢ ᠠᠭᠤᠯᠠ ᠰᠢᠭᠤᠢ ᠳ᠋ᠤᠷ ᠰᠦᠷ ᠢ᠋ᠶ᠋ᠡᠨ ᠨᠢᠭᠤᠮᠤᠢ᠃ ᠠᠷᠰᠯᠠᠨ ᠴᠠᠰᠤᠲᠤ ᠠᠭᠤᠯᠠ ᠠ᠋ᠴᠠ ᠦᠯᠦ ᠠᠩᠭᠢᠵᠢᠷᠠᠮᠤᠢ᠃ ᠡᠳᠦᠭᠡ ᠬᠠᠭᠠᠨ ᠤ᠋ ᠭᠡᠭᠡᠨ ᠪᠡᠶ᠎ᠡ ᠪᠡᠷ ᠡᠴᠢᠬᠦ ᠶ᠋ᠢ ᠪᠠᠢᠮᠤ᠃ ᠶᠢᠰᠦᠨ ᠡᠩ ᠦ᠋ᠨ ᠰᠠᠢᠳ ᠠ᠋ᠴᠠ ᠨᠢᠭᠡᠨ ᠢ᠋ ᠴᠡᠷᠢᠭ ᠳᠠᠢᠴᠢᠯᠠᠭᠤᠨ ᠢᠯᠡᠭᠡᠮᠦ ! 》ᠬᠡᠮᠡᠭᠰᠡᠨ ᠳ᠋ᠦ᠍ᠷ ᠲᠠᠢᠽᠦ ᠳᠠᠷᠤᠢ ᠠᠮᠠᠨ ᠤ᠋  ᠵᠠᠷᠯᠢᠭ ᠪᠠᠭᠤᠯᠭᠠᠷᠤᠨ :《ᠲᠠᠨ ᠤ᠋ ᠴᠢᠩ ᠨᠠᠷ ᠤ᠋ᠨ ᠡᠨᠡ ᠦᠭᠡ ᠬᠡᠳᠦᠢ ᠮᠥᠨ ᠪᠣᠯᠪᠠᠴᠤ ᠨᠢᠭᠡᠨ ᠳ᠋ᠦ᠍ᠷ ᠨᠡᠢᠴᠡᠪᠡᠰᠦ ᠬᠣᠶᠠᠷ ᠲᠤᠷ ᠡᠰᠡ ᠪᠦᠷᠢᠳᠴᠦᠬᠦᠢ᠃ ᠪᠢ ᠬᠡᠳᠦᠢ ᠬᠠᠭᠠᠨ ᠢᠵᠠᠭᠤᠷᠲᠤ ᠪᠣᠯᠪᠠᠴᠤ ᠳᠠᠷᠠᠭ᠎ᠠ ᠭᠤᠷᠪᠠᠨ ᠦᠶ᠎ᠡ ᠠᠯᠤᠰᠳᠠᠪᠠ᠃ ᠬᠡᠳᠦᠢᠪᠡᠷ ᠪᠧᠲ᠋ᠠ᠋ ᠤᠯᠤᠰ ᠤ᠋ᠨ ᠬᠠᠭᠠᠨ ᠢ᠋ ᠵᠠᠯᠭᠠᠮᠵᠢᠯᠠᠨ ᠢᠷᠡᠭᠰᠡᠨ ᠪᠣᠯᠪᠠᠴᠤ ᠡᠭᠡᠨᠡᠭᠲᠡ ᠲᠡᠭᠷᠢ ᠭᠠᠵᠠᠷ ᠤ᠋ᠨ ᠬᠣᠣᠰ ᠰᠢᠮ᠎ᠡ ᠮᠣᠩᠭᠣᠯ ᠢ᠋ ᠡᠵᠡᠯᠡᠭᠰᠡᠨ ᠳᠤᠮᠳᠠᠳᠤ ᠶᠡᠬᠡ ᠤᠯᠤᠰ ᠪᠤᠰᠤ᠂ ᠡᠳᠦᠭᠡ ᠬᠡᠳᠦᠢ ᠣᠯᠠᠨ ᠰᠠᠢᠳ ᠲᠦᠰᠢᠮᠡᠳ ᠵᠠᠩᠵᠤᠨ ᠨᠠᠷ ᠤ᠋ᠨ ᠬᠦᠴᠦᠯᠡᠨ ᠴᠢᠷᠮᠠᠢᠵᠤ ᠦᠬᠦᠨ ᠵᠢᠳᠬᠦᠭᠰᠡᠨ ᠢ᠋ᠶ᠋ᠡᠷ ᠬᠥᠨᠳᠡᠯᠡᠨ ᠭᠤᠯᠳᠤ ᠲᠦᠮᠡᠨ ᠭᠠᠵᠠᠷ ᠢ᠋ ᠬᠠᠮᠲᠤᠳᠬᠠᠵᠤ᠂ ᠶᠡᠬᠡ ᠮᠣᠩᠭᠣᠯ ᠤᠯᠤᠰ ᠢ᠋ ᠪᠤᠰᠬᠠᠭᠰᠠᠨ ᠪᠣᠯᠪᠠᠴᠤ ᠡᠭᠡᠨᠡᠭᠲᠡ ᠪᠠᠰᠠ ᠭᠠᠳᠠᠭᠠᠳᠤ ᠤᠯᠤᠰ ᠤ᠋ᠨ ᠲᠣᠭ᠎ᠠ ᠪᠣᠯᠠᠢ᠃ ᠭᠠᠳᠠᠭᠠᠳᠤ ᠤᠯᠤᠰ ᠬᠡᠷᠬᠢᠪᠡᠴᠦ ᠳᠣᠲᠣᠭᠠᠳᠤ ᠤᠯᠤᠰ ᠤ᠋ᠨ ᠪᠠᠢᠳᠠᠯ ᠢ᠋ ᠳᠠᠭᠤᠷᠢᠶᠠᠵᠤ ᠦᠯᠦ ᠪᠣᠯᠤᠮᠤᠢ᠃ ᠬᠡᠳᠦᠢ ᠳᠣᠲᠣᠭᠠᠳᠤ ᠤᠯᠤᠰ ᠪᠣᠯᠪᠠᠴᠤ ᠲᠥᠪ ᠬᠡᠷᠡᠭ ᠢ᠋ ᠠᠯᠵᠠᠭᠤᠷᠠᠯ ᠦᠭᠡᠢ ᠶᠠᠪᠤᠬᠤ ᠶ᠋ᠢ ᠰᠠᠬᠢᠯ ᠪᠣᠯᠭᠠᠨ ᠠᠲᠠᠯ᠎ᠠ ᠪᠢ ᠡᠳᠦᠭᠡ ᠬᠡᠷᠬᠢᠨ ᠳᠤᠮᠳᠠᠳᠤ ᠤᠯᠤᠰ ᠤ᠋ᠨ ᠵᠠᠢᠳᠠᠭᠤᠯᠬᠤ ᠪᠠᠢᠳᠠᠯ ᠢ᠋ ᠳᠠᠭᠤᠷᠢᠶᠠᠨ ᠪᠣᠯᠬᠤ ?  ᠲᠡᠭᠷᠢ ᠶ᠋ᠢᠨ ᠬᠥᠪᠡᠭᠦᠨ ᠬᠥᠮᠦᠨ ᠦ᠌ ᠬᠠᠭᠠᠨ ᠬᠡᠮᠡᠭᠴᠢ ᠭᠠᠵᠠᠷ ᠣᠷᠣᠨ ᠤ᠋ ᠵᠠᠩ ᠠᠮᠢᠰᠬᠤᠯ ᠢ᠋ᠶ᠋ᠠᠷ ᠣᠯᠠᠨ ᠢ᠋ ᠡᠩᠬᠡᠵᠢᠭᠦᠯᠬᠦ ᠶ᠋ᠢ ᠡᠷᠭᠢᠯᠡᠮᠦᠢ᠃ ᠥᠴᠥᠭᠡᠳᠦᠷ ᠰᠠᠶᠢ ᠰᠠᠭᠤᠷᠢᠨ ᠳ᠋ᠤᠷ ᠢ᠋ᠶ᠋ᠠᠨ ᠰᠠᠭᠤᠵᠤ ᠬᠠᠭᠠᠨ ᠪᠣᠯᠣᠮᠠᠭᠴᠠ ᠡᠨᠡ ᠡᠳᠦᠷ ᠤᠯᠤᠰ ᠤ᠋ᠨ ᠬᠡᠷᠡᠭ ᠢ᠋ ᠣᠷᠬᠢᠵᠤ᠂ ᠪᠡᠶ᠎ᠡ ᠶ᠋ᠢᠨ ᠵᠢᠷᠭᠠᠯ ᠢ᠋ ᠡᠷᠢᠪᠡᠰᠦ ᠂ ᠡᠳᠦᠭᠡ ᠳ᠋ᠦ᠍ᠷ ᠶᠡᠬᠡ ᠲᠥᠷᠥ ᠳ᠋ᠦ᠍ᠷ ᠬᠠᠷᠰᠢᠨ ᠬᠣᠢᠲᠤ ᠳ᠋ᠤᠷ ᠦᠷ᠎ᠡ ᠠᠴᠢ ᠳ᠋ᠤᠷ ᠮᠠᠭᠤ ᠰᠤᠷᠲᠠᠯ ᠪᠣᠯᠤᠮᠤᠢ᠃ ᠳᠡᠯᠡᠬᠡᠢ ᠳ᠋ᠠᠬᠢᠨ ᠤ᠋ ᠶᠠᠮᠠᠷᠪᠠ ᠦᠢᠯᠡᠰ ᠵᠢᠳᠬᠦᠬᠦ ᠡᠴᠡ ᠪᠦᠲᠦᠮᠦᠢ᠂ ᠠᠯᠵᠠᠭᠤ ᠠ᠋ᠴᠠ ᠪᠦᠷᠢᠯᠦᠮᠦᠢ᠂ ᠮᠠᠨ ᠤ᠋ ᠡᠨᠡ ᠡᠳᠦᠷ ᠦ᠋ᠨ ᠴᠡᠷᠢᠭ ᠮᠣᠷᠳᠠᠬᠤ ᠠᠨᠤ ᠮᠠᠰᠢ ᠨᠡᠢᠴᠡᠬᠦ ᠬᠡᠷᠡᠭ᠂ ᠴᠢᠩ ᠲᠠᠨ ᠪᠢᠲᠡᠭᠡᠢ ᠲᠠᠰᠢᠶᠠᠷᠠᠨ ᠬᠡᠯᠡᠯᠴᠡ ! 》ᠬᠡᠮᠡᠭᠰᠡᠨ ᠳ᠋ᠦ᠍ᠷ ᠲᠡᠢ ᠰᠡᠴᠡᠨ ᠲᠡᠷᠢᠭᠦᠯᠡᠨ :《ᠲᠦᠮᠡᠨ ᠨᠠᠰᠤᠲᠤ ᠶ᠋ᠢᠨ ᠭᠡᠭᠡᠨ ᠮᠡᠷᠭᠡᠨ ᠢ᠋ ᠰᠠᠢᠳ ᠦᠨᠡᠬᠡᠷ ᠬᠦᠷᠬᠦ ᠦᠭᠡᠢ 》ᠬᠡᠮᠡᠪᠡ᠃ 
       ᠲᠡᠳᠦᠢ ᠮᠤᠬᠤᠯᠢ ᠨᠢᠭᠡᠨ ᠨᠤᠭᠤᠯᠪᠤᠷᠢ ᠡᠷᠭᠦᠪᠡ᠃ ᠲᠠᠢᠽᠦ ᠴᠢᠩᠭᠢᠰ ᠬᠠᠭᠠᠨ ᠦᠵᠡᠪᠡᠰᠦ :《ᠪᠣᠭᠳᠠ ᠡᠵᠡᠨ ᠦ᠌ ᠭᠡᠭᠡᠨ ᠢ᠋ᠶ᠋ᠡᠷ ᠳᠠᠢᠯᠠᠷ᠎ᠠ ᠡᠴᠢᠬᠦ ᠢᠨᠤ ᠤᠯᠤᠰ ᠲᠤᠷ ᠬᠢᠴᠢᠶᠡᠯ ᠢ᠋ ᠦᠵᠡᠭᠦᠯᠬᠦ ᠴᠢᠬᠤᠯᠠ ᠬᠡᠷᠡᠭ᠂ ᠲᠡᠢᠨ ᠪᠣᠯᠪᠠᠴᠤ《ᠪᠥᠭᠡᠰᠦᠨ ᠳ᠋ᠦ᠍ᠷ ᠬᠢᠲᠤᠭ᠎ᠠ ᠦᠯᠦ ᠭᠠᠷᠭᠠᠮᠤᠢ 》 ᠬᠡᠮᠡᠭᠰᠡᠨᠴᠢᠯᠡᠨ ᠭᠡᠳᠡᠷᠭᠦ ᠴᠢᠨᠠᠳᠤᠰ ᠢ᠋ ᠰᠣᠴᠢᠭᠠᠵᠤ᠂ ᠬᠠᠷᠢᠨ ᠦᠢᠯᠡᠰ ᠦᠯᠦ ᠪᠦᠲᠦᠬᠦ ᠲᠤᠯᠠ ᠪᠣᠭᠳᠠ ᠡᠵᠡᠨ ᠦ᠌ ᠪᠡᠶ᠎ᠡ ᠶ᠋ᠢᠨ ᠭᠡᠭᠡᠨ ᠮᠣᠷᠳᠠᠬᠤ ᠪᠠᠷ ᠠᠨᠤ ᠮᠣᠷᠳᠠᠵᠤ᠂ ᠡᠨᠡ ᠵᠠᠪᠰᠠᠷ᠎ᠠ ᠰᠠᠢᠳ ᠪᠢ ᠪᠤᠭᠤᠷᠵᠢ ᠯᠤᠭ᠎ᠠ ᠤᠷᠢᠳᠠ ᠪᠠᠷ ᠳᠣᠪᠲᠣᠯᠤᠨ ᠡᠴᠢᠵᠦ ᠪᠦᠭᠭᠦᠵᠦ ᠤᠴᠠᠷᠠᠯ ᠢ᠋ ᠦᠵᠡᠰᠦᠭᠡᠢ᠂ ᠡᠨᠡ ᠵᠠᠪᠰᠠᠷ ᠲᠤᠷ ᠬᠡᠷᠪᠡ ᠣᠯᠵᠤ ᠪᠠᠷᠢᠵᠤ ᠰᠠᠢᠳ ᠪᠢᠳᠡ ᠡᠵᠡᠨ ᠢ᠋ ᠤᠭᠲᠤᠵᠤ ᠪᠠᠷᠠᠭᠠᠳᠠᠪᠠᠰᠤ᠂ ᠬᠠᠭᠠᠨ ᠡᠵᠡᠨ ᠪᠡᠶ᠎ᠡ ᠪᠡᠨ ᠦᠯᠦ ᠠᠮᠤᠭᠤᠯᠬᠤ ᠨᠡᠷ᠎ᠡ ᠤᠯᠤᠰ ᠲᠤᠷ ᠳᠠᠭᠤᠷᠢᠰᠬᠤ ᠪᠥᠭᠡᠳ ᠬᠡᠷᠡᠭ ᠪᠠᠰᠠ ᠬᠢᠯᠪᠠᠷ ᠪᠦᠲᠦᠮᠦᠢ᠃ ᠡᠳᠦᠭᠡ ᠲᠤᠷᠰᠢᠭᠤᠯ ᠠ᠋ᠴᠠ ᠰᠣᠨᠣᠰᠪᠠᠰᠤ ᠨᠠᠢ᠍ᠮᠠᠨ ᠤ᠋ ᠪᠤᠯᠤᠤ ᠬᠠᠰ ᠬᠠᠭᠠᠨ᠂ ᠤᠷᠲᠤᠳᠠ ᠦᠷᠢᠯᠲᠦ ᠶ᠋ᠢᠨ ᠠᠭᠤᠯᠠᠨ ᠳ᠋ᠤᠷ ᠶᠡᠬᠡ ᠠᠪᠠ ᠬᠢᠮᠦᠢ ᠬᠡᠮᠡᠮᠦ᠃ ᠡᠨᠡ ᠲᠠᠰᠢᠷᠠᠮ ᠳ᠋ᠤᠷ ᠪᠠᠷᠢᠪᠠᠰᠤ ᠬᠣᠶᠠᠷ ᠲᠤᠷ ᠪᠦᠷᠢᠳᠬᠦ ᠠᠷᠭ᠎ᠠ ᠬᠡᠮᠡᠮᠦᠢ᠂ ᠠᠯᠠᠯᠳᠤᠨ ᠳᠤᠲᠠᠭᠠᠬᠤ ᠶ᠋ᠢ ᠪᠠᠷᠢᠰᠤᠭᠠᠢ ! 》ᠲᠠᠢᠽᠦ ᠴᠢᠩᠭᠢᠰ ᠬᠠᠭᠠᠨ ᠡᠭᠦᠨ ᠢ᠋ ᠠᠢᠯᠠᠳᠤᠭᠠᠳ ᠯᠤᠤ ᠶ᠋ᠢᠨ ᠴᠢᠷᠠᠢ ᠳ᠋ᠤᠷ ᠪᠠᠶᠠᠰᠬᠤᠯᠠᠩ ᠤ᠋ᠨ ᠥᠩᠭᠡ ᠢᠯᠡᠷᠡᠵᠦ᠂ ᠪᠠᠭᠠᠲᠤᠷ ᠪᠣᠳᠣᠯᠭ᠎ᠠ ᠬᠣᠣᠰ ᠪᠦᠷᠢᠳᠦᠭᠰᠡᠨ ᠳᠡᠭᠡᠳᠦ ᠲᠠᠢᠹᠦ᠋ ᠲᠦᠰᠢᠮᠡᠳ ᠦ᠋ᠨ ᠪᠠᠬᠠᠷᠬᠠᠯᠲᠤ ᠠᠷᠭ᠎ᠠ  ᠪᠣᠳᠣᠯᠭ᠎ᠠ ᠮᠢᠨᠦ ᠰᠠᠨᠠᠭᠠᠨ ᠳ᠋ᠤ᠌ ᠶᠡᠬᠡᠳᠡ ᠨᠡᠢᠴᠡᠪᠡ᠂ ᠪᠠᠷᠢᠵᠤ ᠠᠭᠰᠠᠨ ᠶᠣᠰᠣᠭᠠᠷ ᠨᠠᠷᠢᠨ ᠨᠢᠭᠲᠠ ᠪᠠᠷ ᠶᠠᠪᠤᠵᠤ ᠪᠠᠢᠯᠳᠤᠬᠤ ᠪᠠᠷᠢᠬᠤ ᠶ᠋ᠢ ᠡᠳᠦᠭᠡ ᠳᠠᠷᠤᠢ ᠡᠬᠢᠯᠡᠨ ᠶᠠᠪᠤᠲᠤᠭᠠᠢ ᠭᠡᠮᠡᠨ ᠴᠣᠬᠣᠯᠠᠨ ᠪᠠᠭᠤᠯᠭᠠᠪᠠ᠃ 
       ᠲᠡᠳᠦᠢ ᠮᠤᠬᠤᠯᠢ ᠮᠥᠷᠭᠥᠵᠦ ᠬᠦᠯᠢᠶᠡᠨ ᠠᠪᠴᠤ ᠵᠣᠭᠰᠣᠪᠠ᠃ ᠰᠠᠢᠬᠠᠨ ᠰᠤᠷᠲᠠᠯᠲᠤ : 《ᠪᠠᠰᠠ ᠬᠡᠷᠡᠭ ᠠᠪᠠᠰᠤ ᠠᠢᠯᠠᠳᠬ᠎ᠠ ! 》ᠬᠡᠮᠡᠭᠰᠡᠨ᠎ᠡ᠂ ᠵᠠᠭᠤᠨ ᠲᠦᠰᠢᠮᠡᠳ ᠢᠪ ᠴᠢᠪ ᠦᠯᠦ ᠬᠥᠳᠡᠯᠭᠦᠢ ᠳ᠋ᠦ᠍ᠷ ᠨᠠᠷᠢᠨ ᠬᠥᠭᠵᠢᠮ ᠡᠭᠦᠰᠬᠡᠵᠦ ᠴᠠᠩ ᠬᠡᠩᠭᠡᠷᠭᠡ ᠳᠠᠭᠤᠷᠢᠰᠴᠤ ᠰᠠᠢᠬᠠᠨ ᠦᠨᠦᠷ ᠠᠩᠬᠢᠯᠤᠨ᠂ ᠯᠤᠤ ᠶ᠋ᠢᠨ ᠬᠠᠨᠴᠤ ᠨᠢᠭᠡᠨᠲᠡ ᠭᠦᠪᠢᠮᠡᠭᠴᠡ ᠬᠠᠭᠠᠨ ᠤ᠋ ᠪᠡᠶ᠎ᠡ ᠳᠣᠲᠣᠭᠠᠳᠤ ᠤᠷᠲᠣᠨ᠎ᠠ ᠵᠠᠯᠠᠷᠠᠪᠠ᠃ ᠵᠠᠭᠤᠨ ᠲᠦᠰᠢᠮᠡᠳ ᠲᠥᠷᠥ ᠡᠴᠡ ᠪᠠᠭᠤᠵᠤ ᠳᠥᠷᠪᠡᠨ ᠵᠦᠭ ᠡᠭᠦᠯᠡᠨ ᠮᠡᠲᠦ ᠲᠠᠷᠠᠬᠠᠯᠴᠠᠪᠠ᠃ ᠮᠤᠬᠤᠯᠢ᠂ ᠪᠤᠭᠤᠷᠵᠢ ᠶᠤᠸᠠᠨᠱᠤᠸᠠᠢ ᠶ᠋ᠢᠨ ᠶᠠᠮᠦᠨ᠎ᠡ ᠢᠷᠡᠵᠦ ᠨᠠᠢ᠍ᠮᠠᠨ ᠵᠡᠪᠡ ᠰᠣᠩᠭᠣᠨ ᠨᠠᠢ᠍ᠮᠠᠨ ᠵᠠᠩᠵᠤᠨ ᠢ᠋ ᠵᠠᠷᠤᠪᠠ᠃ ᠬᠡᠨ ᠬᠡᠨ ᠬᠡᠮᠡᠪᠡᠰᠦ : ᠶᠡᠬᠡ ᠲᠠᠢᠽᠢ ᠵᠣ᠌ ᠴᠢᠨ ᠸᠠᠩ ᠵᠣᠴᠢ᠂ ᠬᠣᠶᠠᠳᠤᠭᠠᠷ ᠲᠠᠢᠴᠢ  ᠴᠠ‍ ᠴᠢᠨ ᠸᠠᠩ ᠴᠠᠭᠠᠲᠠᠢ ᠲᠡᠷᠢᠭᠦᠯᠡᠨ ᠲᠠᠪᠤᠨᠠᠩ ᠴᠡᠴᠡᠭ᠂ ᠨᠠᠨᠰᠠᠷ᠂ ᠵᠢᠴᠢ ᠠᠯᠤᠬ᠎ᠠ᠂ ᠰᠦᠬᠡ᠂ ᠪᠤᠯᠤᠤ᠂ ᠡᠭᠦᠯᠡᠨ ᠴᠡᠷᠪᠢ᠂ ᠰᠢᠯᠢᠭᠲᠦ ᠪᠠᠷᠰ᠂ ᠲᠡᠰᠬᠡᠯ ᠪᠠᠷᠰ᠂ ᠨᠠᠢ᠍ᠮᠠᠨ ᠵᠠᠩᠵᠤᠨ ᠳ᠋ᠤᠷ ᠨᠠᠢ᠍ᠮᠠᠨ ᠮᠢᠩᠭᠠᠨ ᠴᠡᠷᠢᠭ ᠥᠭᠴᠦ ᠪᠤᠭᠤᠷᠵᠢ ᠶ᠋ᠢ ᠶᠤᠸᠠᠨᠱᠤᠸᠠᠢ ᠪᠣᠯᠭᠠᠨ ᠬᠠᠭᠤᠴᠢᠨ ᠨᠠᠢ᠍ᠮᠠᠨ ᠤ᠋ ᠬᠣᠢᠲᠤ ᠦᠷᠢᠯᠲᠦ ᠠᠭᠤᠯᠠᠨ ᠳ᠋ᠤᠷ ᠪᠦᠭᠭᠦᠭᠦᠯᠵᠦ ᠨᠠᠢ᠍ᠮᠠᠨ ᠤ᠋ ᠪᠤᠯᠤ ᠬᠠᠰ ᠬᠠᠭᠠᠨ ᠢ᠋ ᠪᠠᠷᠢᠵᠤ᠂ ᠬᠥᠪᠡᠭᠦᠨ ᠴᠢᠦᠢ ᠴᠦ᠍ ᠯᠢᠦᠢ ᠶ᠋ᠢ ᠠᠯᠠ ᠭᠡᠮᠡᠨ ᠵᠣᠭᠰᠣᠭ᠎ᠠ ᠪᠠᠷ ᠮᠣᠷᠳᠠᠭᠤᠯᠵᠤ᠂ ᠥᠪᠡᠷ ᠢ᠋ᠶ᠋ᠡᠨ ᠲᠠᠪᠤᠨ ᠪᠠᠷᠰ ᠤ᠋ᠨ ᠵᠠᠩᠵᠤᠨ ᠢ᠋ ᠠᠪᠴᠤ ᠲᠠᠪᠤᠨ ᠲᠦᠮᠡᠨ ᠴᠡᠷᠢᠭ ᠢ᠋ ᠳᠠᠢᠴᠢᠯᠠᠨ ᠬᠠᠭᠤᠴᠢᠨ ᠨᠠᠢ᠍ᠮᠠᠨ ᠤ᠋ ᠨᠤᠲᠤᠭ ᠲᠤᠷ ᠡᠴᠢᠬᠦ ᠪᠡᠷ ᠲᠣᠭᠲᠠᠵᠤ᠂ ᠪᠤᠭᠤᠷᠤᠯ᠂ ᠴᠢᠯᠠᠭᠤ᠂ ᠵᠠᠯᠮ᠎ᠠ᠂ ᠵᠡᠪᠡ᠂ ᠬᠠᠰᠠᠷ᠂ ᠪᠡᠯᠭᠦᠳᠡᠢ᠂ ᠴᠤᠤ ᠮᠡᠷᠭᠡᠨ᠂ ᠰᠢᠷᠢ ᠬᠤᠲᠤᠭ᠂ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ᠂ ᠲᠤᠰᠬᠤ᠂ ᠠᠯᠲᠠᠨᠱᠠᠭ᠎ᠠ᠂ ᠪᠠᠭ᠎ᠠ ᠵᠠᠩᠵᠤᠨ ᠨᠠᠷ ᠠᠨᠠᠨᠳᠠ᠂ ᠰᠤᠪᠤᠲᠠᠢ᠂ ᠬᠣᠪᠣᠯᠠᠢ᠂ ᠱᠤᠪᠤᠯᠠᠢ᠂ ᠸᠠᠢᠵᠢᠩ᠂ ᠠᠯᠢᠵᠠᠩ᠂ ᠬᠦᠳᠡᠷ ᠪᠦᠰᠡ᠂ ᠬᠦᠷᠡᠯ ᠪᠦᠰᠡ – ᠡᠨᠡ ᠬᠣᠷᠢᠨ ᠵᠠᠩᠵᠤᠨ ᠨᠠᠷ ᠠᠷᠪᠠᠨ ᠲᠦᠮᠡᠨ ᠴᠡᠷᠢᠭ ᠢ᠋ ᠠᠪᠴᠤ ᠬᠠᠭᠠᠨ ᠤ᠋ ᠭᠡᠭᠡᠨ ᠢ᠋ ᠳᠠᠭᠠᠯᠳᠤᠵᠤ᠂ ᠠᠷᠪᠠᠨ ᠬᠣᠨᠣᠭ ᠤ᠋ᠨ ᠡᠴᠦᠰ ᠲᠦ᠍ᠷ ᠨᠠᠢ᠍ᠮᠠᠨ ᠤ᠋ ᠵᠦᠭ ᠮᠣᠷᠳᠠᠬᠤ ᠪᠠᠷ ᠲᠣᠭᠲᠠᠵᠤ᠂ ᠮᠥᠨ ᠡᠳᠦᠷ ᠲᠥᠷᠥ ᠳ᠋ᠦ᠍ᠷ ᠭᠠᠷᠴᠤ ᠠᠢᠯᠠᠳᠬᠠᠨ ᠥᠪᠡᠷ ᠢ᠋ᠶ᠋ᠡᠨ ᠮᠣᠷᠳᠠᠪᠠ᠃ 
       ᠲᠡᠳᠦᠢ ᠳᠠᠭᠠᠯᠳᠤᠭ᠎ᠠ ᠴᠢᠩᠭᠢᠰ ᠬᠠᠭᠠᠨ ᠡᠪᠦᠯ ᠦ᠋ᠨ ᠰᠡᠭᠦᠯ ᠰᠠᠷ᠎ᠠ ᠶ᠋ᠢᠨ ᠠᠷᠪᠠᠨ ᠲᠠᠪᠤᠨ ᠤ᠋ ᠯᠤᠤ ᠴᠠᠭ ᠲᠤᠷ ᠲᠡᠭᠷᠢ ᠶ᠋ᠢᠨ ᠬᠥᠪᠡᠭᠦᠨ ᠦ᠌ ᠶᠡᠬᠡ ᠵᠢᠭ᠍ᠰᠠᠭᠠᠯ ᠢ᠋ᠶ᠋ᠠᠷ ᠳᠥᠷᠪᠡᠨ ᠵᠠᠩᠵᠤᠨ ᠠᠷᠪᠠᠨ ᠲᠦᠮᠡᠨ ᠴᠡᠷᠢᠭ ᠢ᠋ ᠠᠪᠴᠤ ᠠᠯᠭᠤᠷ ᠮᠣᠷᠳᠠᠵᠤ ᠬᠥᠳᠡᠯᠪᠡ ᠃        
       ᠲᠡᠨᠳᠡᠴᠡ ᠣᠳᠣ ᠦᠭᠡ ᠶ᠋ᠢ ᠤᠬᠤᠷᠢᠭᠤᠯᠤᠨ ᠬᠠᠭᠤᠴᠢᠨ ᠨᠠᠢ᠍ᠮᠠᠨ ᠤ᠋ ᠪᠤᠯᠤᠤ ᠬᠠᠰ ᠬᠠᠭᠠᠨ ᠤ᠋ ᠤᠴᠢᠷ ᠢ᠋ ᠬᠡᠯᠡᠬᠦ ᠢᠨᠤ: ᠪᠤᠯᠤᠤ ᠬᠠᠷᠠᠬᠠᠨ ᠨᠠᠢ᠍ᠮᠠᠨ ᠤ᠋ ᠳᠠᠢᠶᠠᠩ ᠬᠠᠭᠠᠨ ᠢ᠋ ᠠᠯᠠᠵᠤ ᠳᠤᠲᠠᠭᠠᠨ ᠢᠷᠡᠭᠡᠳ ᠲᠠᠢᠶᠠᠩ ᠬᠠᠭᠠᠨ ᠤ᠋ ᠤᠯᠤᠰ ᠢ᠋ ᠡᠵᠡᠯᠡᠨ ᠪᠡᠶ᠎ᠡ ᠪᠡᠨ ᠮᠥᠨ ᠬᠦ᠌ ᠲᠠᠢᠶᠠᠩ ᠬᠠᠭᠠᠨ ᠭᠡᠮᠡᠨ ᠡᠷᠭᠦᠵᠦ᠂ ᠡᠭᠦᠨ ᠦ᠌ ᠳᠡᠭᠡᠷ᠎ᠡ ᠪᠠᠰᠠ ᠴᠤ᠌ ᠠᠯᠲᠠᠨ ᠤᠯᠤᠰ ᠯᠤᠭ᠎ᠠ ᠡᠰᠡᠷᠭᠦᠴᠡᠬᠦ ᠭᠡᠮᠡᠨ ᠬᠠᠰ ᠬᠠᠭᠠᠨ ᠭᠡᠮᠡᠨ ᠡᠷᠭᠦᠨ᠂ ᠬᠥᠪᠡᠭᠦᠨ ᠴᠢᠦᠢ ᠴᠦ᠍ ᠯᠢᠦᠢ ᠶ᠋ᠢ ᠬᠤᠸᠠᠩ ᠲᠠᠢᠽᠢ ᠳᠠ ᠴᠢᠨ ᠸᠠᠩ ᠭᠡᠮᠡᠨ ᠡᠷᠭᠦᠵᠦ᠂ ᠴᠡᠷᠢᠭ ᠢ᠋ᠶ᠋ᠡᠨ ᠰᠢᠯᠭᠠᠨ ᠭᠤᠴᠢᠨ ᠲᠦᠮᠡᠨ ᠳ᠋ᠦ᠍ᠷ ᠭᠥᠷᠦᠭᠦᠯᠵᠦ᠂ ᠭᠠᠭᠴᠠ ᠪᠧᠲ᠋ᠠ᠋ ᠤᠯᠤᠰ ᠤ᠋ᠨ ᠴᠢᠯᠥᠭᠡ ᠶ᠋ᠢ ᠬᠦᠯᠢᠶᠡᠬᠦᠢ ᠳ᠋ᠦ᠍ᠷ ᠴᠢᠩᠭᠢᠰ ᠬᠠᠭᠠᠨ ᠤ᠋ ᠬᠡᠳᠦ ᠬᠡᠳᠦᠨ ᠤᠳᠠᠭ᠎ᠠ ᠬᠣᠯᠠ ᠠᠶᠠᠨ ᠳ᠋ᠤᠷ ᠠᠶᠠᠯᠠᠭᠰᠠᠨ ᠳ᠋ᠤᠷ ᠪᠧᠲ᠋ᠠ᠋ ᠤᠯᠤᠰ ᠢ᠋ ᠳᠠᠷᠤᠰᠤᠭᠠᠢ ᠬᠡᠮᠡᠬᠦᠯ᠎ᠡ ᠤᠯᠤᠰ ᠢ᠋ ᠰᠠᠬᠢᠬᠤ ᠠᠨᠤ ᠮᠠᠰᠢ ᠴᠢᠩᠭ᠎ᠠ ᠲᠤᠯᠠ ᠴᠢᠯᠥᠭᠡ ᠣᠯᠤᠭᠰᠠᠨ ᠦᠭᠡᠢ ᠪᠣᠯᠥᠭᠡ᠃ ᠡᠭᠦᠨ ᠳ᠋ᠦ᠍ᠷ ᠴᠢᠪᠬᠢᠲᠡᠯ᠎ᠡ ᠨᠢᠳᠤᠨᠤᠨ ᠵᠢᠯ ᠴᠢᠩᠭᠢᠰ ᠬᠠᠭᠠᠨ ᠤ᠋ ᠪᠠᠷᠠᠭᠤᠨ ᠲᠥᠪᠡᠳ ᠲᠣᠷ ᠮᠣᠷᠳᠠᠭᠰᠠᠨ ᠴᠢᠯᠥᠭᠡᠨ ᠳ᠋ᠦ᠍ᠷ᠂ ᠪᠠᠷᠠᠭᠤᠨ ᠯᠢᠶᠣᠤ ᠶ᠋ᠢᠨ ᠰᠢᠨ᠎ᠡ ᠨᠠᠢ᠍ᠮᠠᠨ ᠤ᠋ ᠠᠯᠲᠠᠨᠱᠠᠭ᠎ᠠ ᠪᠠᠰᠠ ᠴᠢᠩᠭᠢᠰ ᠬᠠᠭᠠᠨ ᠢ᠋ ᠨᠢᠭᠡᠨ ᠠᠢᠮᠠᠭ ᠯᠤᠭ᠎ᠠ ᠳᠠᠭᠠᠵᠤ ᠡᠴᠢᠭᠰᠡᠨ ᠴᠢᠯᠥᠭᠡᠨ ᠳ᠋ᠦ᠍ᠷ ᠲᠠᠪᠤᠨ ᠲᠦᠮᠡᠨ ᠴᠡᠷᠢᠭ ᠠᠪᠴᠤ ᠥᠪᠡᠷ ᠦ᠋ᠨ ᠪᠡᠶ᠎ᠡ ᠪᠧᠲ᠋ᠠ᠋ ᠤᠯᠤᠰ ᠠ᠋ᠴᠠ ᠥᠮᠥᠭᠯᠡᠷ᠎ᠡ ᠢᠷᠡᠬᠦ ᠴᠡᠷᠢᠭ ᠦ᠋ᠨ ᠵᠠᠮ ᠢ᠋ ᠲᠣᠰᠴᠤ ᠬᠥᠪᠡᠭᠦᠨ ᠴᠢᠦᠢ ᠴᠦ᠍ ᠯᠢᠦᠢ ᠳ᠋ᠦ᠍ᠷ ᠲᠠᠪᠤᠨ ᠲᠦᠮᠡᠨ ᠴᠡᠷᠢᠭ ᠵᠠᠬᠢᠷᠤᠭᠤᠯᠤᠨ᠂ ᠮᠠᠢᠯᠵᠢ ᠠᠢᠮᠠᠭ ᠤ᠋ᠨ ᠲᠣᠳᠣ ᠶ᠋ᠢ ᠬᠣᠰᠢᠭᠤᠴᠢ ᠪᠣᠯᠭᠠᠨ᠂ ᠰᠢᠨ᠎ᠡ ᠨᠠᠢ᠍ᠮᠠᠨ ᠢ᠋ ᠠᠪᠤᠷ᠎ᠠ ᠢᠷᠡᠭᠰᠡᠨ ᠳ᠋ᠦ᠍ᠷ ᠠᠯᠲᠠᠨᠱᠠᠭ᠎ᠠ ᠶ᠋ᠢᠨ ᠬᠣᠶᠠᠷ ᠡᠮ᠎ᠡ ᠰᠣᠯᠣᠩᠭᠤᠸ᠎ᠠ᠂ ᠰᠠᠢᠬᠠᠨ ᠬᠦᠷᠢ ᠬᠣᠶᠠᠭᠤᠯᠠ ᠰᠣᠨᠣᠰᠴᠤ ᠬᠠᠷᠢᠶᠠᠲᠤ ᠴᠡᠷᠢᠭ ᠢ᠋ᠶ᠋ᠡᠨ ᠠᠪᠴᠤ ᠰᠢᠯᠵᠢᠭᠡᠳ ᠨᠢᠭᠡᠨᠲᠡᠭᠡᠭᠦᠷ ᠪᠤᠷᠬᠠᠨ ᠭᠠᠯᠳᠤᠨ᠎ᠠ ᠳ᠋ᠤᠷ ᠪᠤᠭᠤᠷᠵᠢ ᠳ᠋ᠤᠷ ᠮᠡᠳᠡᠭᠦᠯᠦᠨ ᠢᠯᠡᠭᠡᠵᠦ᠂ ᠪᠠᠰᠠ ᠴᠡᠷᠢᠭ ᠶᠦ᠍ᠭᠡᠨ ᠮᠢᠩᠭᠠᠲᠠ᠂ ᠰᠥᠷᠦᠯᠬᠡᠭ᠂ ᠦᠨᠡᠨ ᠴᠢᠭᠳᠦ᠂ ᠮᠠᠨᠠᠩ ᠨᠠᠷ ᠢ᠋ ᠠᠪᠴᠤ ᠠᠢᠮᠠᠭ ᠤ᠋ᠨ ᠵᠠᠬ᠎ᠠ ᠶ᠋ᠢᠨ ᠭᠠᠳᠠᠨ᠎ᠠ ᠬᠦᠯᠢᠶᠡᠷ᠎ᠡ ᠡᠴᠢᠬᠦᠢ ᠳ᠋ᠦ᠍ᠷ ᠴᠢᠪᠬᠢᠲᠡᠯ᠎ᠡ ᠴᠢᠦᠢ ᠴᠦ᠍ ᠯᠢᠦᠢ ᠶ᠋ᠢᠨ ᠢᠷᠡᠬᠦᠢ ᠳ᠋ᠦ᠍ᠷ ᠤᠴᠠᠷᠠᠭᠠᠳ ᠳᠠᠷᠤᠢ ᠵᠢᠭ᠍ᠰᠠᠭᠠᠯ ᠵᠢᠭ᠍ᠰᠠᠭᠠᠨ ᠭᠠᠷᠴᠤ ᠪᠠᠢᠯᠳᠤᠬᠤᠢ ᠳ᠋ᠤᠷ ᠴᠢᠦᠢ ᠴᠦ᠍ ᠯᠢᠦᠢ ᠦᠵᠡᠪᠡᠰᠦ ᠲᠡᠭᠦᠨ ᠦ᠌ ᠳᠡᠭᠦᠦ ᠪᠡᠷᠢᠶᠡᠳ ᠲᠤᠯᠠ ᠠᠭᠤᠷᠯᠠᠨ ᠥᠭᠦᠯᠡᠷᠦᠨ :《ᠬᠡᠯᠬᠢᠶ᠎ᠡ ᠦᠭᠡᠢ ᠮᠤᠩᠬᠠᠭ ᠪᠡᠷᠢᠶᠡᠳ᠂ ᠢᠴᠢᠭᠦᠷᠢ ᠦᠭᠡᠢ ᠡᠷ᠎ᠡ ᠲᠡᠢ ᠪᠡᠨ ᠲᠤᠰ ᠡᠰᠡᠷᠭᠦᠴᠡᠯ ᠦ᠋ᠨ ᠪᠧᠲ᠋ᠠ᠋ ᠤᠯᠤᠰ ᠲᠤᠷ ᠳᠠᠭᠠᠭᠠᠳ ᠡᠳᠦᠭᠡ ᠠᠳᠠᠪᠠᠰᠢ ᠦᠭᠡᠢ ᠮᠢᠨᠦ ᠡᠰᠡᠷᠭᠦ ᠪᠠᠢᠯᠳᠤᠷ᠎ᠠ ᠢᠷᠡᠮᠦᠢ?》ᠬᠡᠮᠡᠬᠦᠢ ᠳ᠋ᠦ᠍ᠷ ᠰᠤᠯᠤᠩᠭᠤᠸ᠎ᠠ ᠮᠣᠷᠢᠨ ᠳᠡᠭᠡᠷ᠎ᠡ ᠪᠡᠷᠢ ᠶ᠋ᠢᠨ ᠶᠣᠰᠣᠭᠠᠷ ᠶᠣᠰᠣᠯᠠᠨ ᠥᠭᠦᠯᠡᠷᠦᠨ :《ᠬᠠᠳᠠᠮ ᠠᠬ᠎ᠠ ᠶᠠᠭᠤᠨ ᠳ᠋ᠤᠷ ᠨᠢᠭᠤᠷ ᠤᠴᠠᠷᠠᠮᠠᠭᠴᠠ ᠶᠣᠰᠣ ᠦᠭᠡᠢ ᠦᠭᠡ ᠭᠠᠷᠭᠠᠮᠤᠢ? ᠳᠡᠭᠦᠦ ᠪᠡᠷᠢᠶᠡᠳ ᠪᠢᠳᠡ ᠬᠠᠳᠠᠮ ᠠᠬ᠎ᠠ ᠴᠢᠮᠠᠶ᠋ᠢ ᠬᠦᠨᠳᠦᠯᠡᠬᠦ  ᠢᠨᠤ ᠮᠠᠨ ᠤ᠋ ᠨᠥᠬᠥᠷ ᠦ᠋ᠨ ᠬᠦᠨᠳᠦᠯᠡᠬᠦ ᠶ᠋ᠢᠨ ᠬᠠᠷᠠᠭ᠎ᠠ ᠪᠣᠯᠠᠢ᠃ ᠡᠳᠦᠭᠡ ᠬᠠᠳᠠᠮ ᠠᠬ᠎ᠠ ᠴᠢ ᠴᠡᠷᠢᠭ ᠠᠪᠴᠤ ᠳᠡᠭᠦᠦ ᠪᠡᠨ ᠳᠠᠢᠯᠠᠷ᠎ᠠ ᠢᠷᠡᠬᠦ ᠲᠤᠯᠠ ᠪᠢᠳᠡ ᠴᠢᠨᠦ ᠳᠡᠭᠦᠦ ᠶ᠋ᠢᠨ ᠡᠮ᠎ᠡ ᠲᠤᠯᠠ ᠴᠢᠨᠦ ᠳᠡᠭᠦᠦ ᠶ᠋ᠢᠨ ᠤᠯᠤᠰ ᠭᠡᠷ ᠢ᠋ ᠬᠠᠮᠠᠭᠠᠯᠠᠬᠤ ᠰᠠᠬᠢᠬᠤ ᠠᠨᠤ ᠪᠡᠷᠢᠶᠡᠳ ᠪᠣᠯᠤᠭᠰᠠᠨ ᠴᠣᠬᠣᠮ ᠶᠣᠰᠣ ᠪᠣᠯᠠᠢ᠃ ᠬᠠᠳᠠᠮ ᠠᠬ᠎ᠠ ᠶᠠᠭᠤᠨ ᠳ᠋ᠤᠷ ᠨᠠᠮᠠᠶ᠋ᠢ ᠪᠤᠷᠤᠭᠤᠰᠢᠶᠠᠮᠤ ? ᠲᠡᠢᠨ ᠪᠥᠭᠡᠳ ᠬᠠᠳᠠᠮ ᠠᠬ᠎ᠠ ᠴᠡᠷᠢᠭ ᠠᠪᠴᠤ ᠡᠨᠳᠡ ᠢᠷᠡᠭᠰᠡᠨ ᠢᠨᠦ ᠶᠠᠮᠪᠠᠷ ᠤᠴᠢᠷ ᠪᠣᠢ ?  ᠳᠡᠭᠦᠦ ᠪᠡᠷᠢᠶᠡᠳ ᠤᠴᠢᠷ ᠢ᠋ ᠲᠣᠳᠣᠷᠬᠠᠢᠯᠠᠭᠰᠠᠨ ᠬᠣᠢᠨ᠎ᠠ ᠪᠡᠷᠢᠯᠡᠬᠦ ᠮᠥᠷᠭᠥᠬᠦ ᠶᠣᠰᠣᠨ ᠢ᠋ ᠭᠦᠢᠴᠡᠳᠬᠡᠷ᠎ᠡ ᠤᠭᠲᠤᠨ ᠢᠷᠡᠭᠰᠡᠨ ᠪᠣᠯᠠᠢ ! 》 ᠴᠢᠦᠢ ᠴᠦ᠍ ᠯᠢᠦᠢ ᠠᠭᠤᠷᠯᠠᠨ ᠥᠭᠦᠯᠡᠷᠦᠨ : 《ᠡᠨᠡ ᠨᠢᠭᠤᠷ ᠦᠭᠡᠢ ᠪᠡᠷᠢᠶᠡᠳ ᠠᠮᠠᠨ ᠤ᠋ ᠳᠤᠷ᠎ᠠ ᠪᠠᠷ ᠴᠠᠯᠴᠢᠮᠤᠢ᠂ ᠴᠢᠨᠦ ᠡᠷ᠎ᠡ ᠡᠴᠢᠭᠡ ᠪᠡᠨ ᠠᠯᠠᠭᠰᠠᠨ ᠪᠧᠲ᠋ᠠ᠋ ᠤᠯᠤᠰ ᠲᠤᠷ ᠳᠠᠭᠠᠵᠤ ᠪᠣᠭᠣᠯ ᠪᠣᠯᠤᠭᠰᠠᠨ ᠳ᠋ᠤᠷ ᠪᠢ ᠬᠠᠷᠠᠬᠠᠨ ᠴᠡᠷᠢᠭ ᠠᠪᠴᠤ ᠲᠠᠨ ᠢ᠋ ᠲᠡᠩᠬᠡᠷᠡᠭᠦᠯᠦᠷ᠎ᠡ ᠢᠷᠡᠪᠡᠰᠦ ᠲᠠ ᠶᠠᠭᠤᠨ ᠳ᠋ᠤᠷ ᠬᠠᠷᠢᠨ ᠳᠤᠷ᠎ᠠ ᠦᠭᠡᠢ ᠤᠭᠲᠤᠨ ᠪᠠᠢᠯᠳᠤᠵᠤ ᠶᠠᠪᠤᠬᠤ ᠠᠨᠤ ᠶᠠᠭᠤᠨ ? ᠣᠨᠴᠠ ᠡᠴᠢᠭᠡ ᠪᠡᠨ ᠠᠯᠠᠭᠰᠠᠨ ᠪᠧᠲ᠋ᠠ᠋ ᠤᠯᠤᠰ ᠲᠤᠷ ᠡᠭᠦᠷᠢᠳᠡ ᠪᠣᠭᠣᠯ ᠪᠣᠯᠬᠤ ᠶ᠋ᠢ ᠳᠤᠷᠠᠯᠠᠮᠤᠢ ᠤᠤ ? 》ᠬᠡᠮᠡᠭᠰᠡᠨ ᠳ᠋ᠦ᠍ᠷ ᠰᠣᠯᠣᠩᠭᠤᠸ᠎ᠠ ᠡᠭᠡᠨ ᠢᠨᠢᠶᠡᠵᠦ ᠪᠠᠭ᠎ᠠ ᠳᠠᠯᠪᠠᠭ᠎ᠠ ᠪᠠᠨ ᠨᠢᠭᠡᠨᠲᠡ ᠬᠣᠷᠢᠶᠠᠨ ᠠᠪᠴᠤ ᠵᠢᠭ᠍ᠰᠠᠭᠠᠯ ᠤ᠋ᠨ ᠳᠣᠲᠣᠷ᠎ᠠ ᠠ᠋ᠴᠠ ᠬᠣᠶᠠᠷ ᠵᠠᠩᠵᠤᠨ ᠭᠤᠷᠪᠠᠨ ᠵᠠᠭᠤᠨ ᠴᠡᠷᠢᠭ ᠢ᠋ ᠠᠪᠴᠤ ᠭᠠᠷᠴᠤ ᠢᠷᠡᠪᠡ᠂ ᠦᠵᠡᠪᠡᠰᠦ ᠨᠢᠭᠡᠨ ᠢᠨᠤ ᠮᠢᠩᠭᠠᠲᠠ᠂ ᠨᠢᠭᠡᠨ ᠢᠨᠤ ᠰᠥᠷᠦᠯᠬᠡᠭ᠂ ᠭᠤᠷᠪᠠᠨ ᠵᠠᠭᠤᠨ ᠴᠡᠷᠢᠭ ᠢᠨᠤ ᠲᠠᠢᠶᠠᠩ ᠬᠠᠭᠠᠨ ᠢ᠋ ᠠᠯᠠᠭᠳᠠᠬᠤ ᠲᠤᠬᠠᠢ ᠨᠠᠷᠠᠨ ᠤᠨᠠᠬᠤ ᠳᠠᠪᠠᠭᠠᠨ ᠳ᠋ᠤᠷ ᠳᠠᠭᠠᠭᠰᠠᠨ ᠴᠡᠷᠢᠭ ᠮᠥᠨ᠃ ᠡᠳᠦᠭᠡ ᠡᠨᠡ ᠡᠳᠦᠷ ᠭᠤᠷᠪᠠᠨ ᠵᠠᠭᠤᠨ ᠴᠡᠷᠢᠭ ᠬᠠᠮᠲᠤ ᠪᠠᠷ ᠣᠷᠣᠵᠤ ᠴᠢᠦᠢ ᠴᠦ᠍ ᠯᠢᠦᠢ ᠶ᠋ᠢ ᠬᠤᠷᠤᠭᠤ ᠪᠠᠷ ᠵᠢᠭᠠᠵᠤ ᠬᠠᠷᠢᠶᠠᠨ ᠥᠭᠦᠯᠡᠷᠦᠨ:《ᠠᠪᠠᠭ᠎ᠠ ᠪᠠᠨ ᠠᠯᠠᠭᠰᠠᠨ ᠠᠯᠠᠯᠲᠠᠢ ᠪᠣᠭᠣᠯ ᠠᠯᠢ ᠠᠮᠠ ᠪᠠᠷ ᠡᠨᠡ ᠦᠭᠡ ᠶ᠋ᠢ ᠬᠡᠯᠡᠮᠦᠢ ?  ᠴᠢ ᠷᠣᠮ ᠢ᠋ ᠨᠢᠭᠡᠮᠦᠰᠦᠨ ᠤᠮᠠᠷᠲᠠᠭᠰᠠᠨ ᠠᠯᠠᠯᠲᠠᠢ ᠪᠣᠭᠣᠯ ᠠᠯᠠ ᠪᠤᠬᠤᠷ ᠢ᠋ᠶ᠋ᠠᠷ ᠡᠨᠡ ᠦᠭᠡ ᠶ᠋ᠢ ᠬᠡᠯᠡᠮᠦᠢ ᠦᠦ ? ᠮᠠᠨ ᠤ᠋ ᠬᠠᠭᠠᠨ ᠡᠵᠡᠨ ᠨᠠᠷᠠᠨ ᠤᠨᠠᠬᠤ ᠳᠠᠪᠠᠭᠠᠨ ᠳ᠋ᠤᠷ ᠮᠠᠨ ᠢ᠋ ᠨᠡᠢᠲᠡ ᠪᠡᠷ ᠬᠠᠷᠠᠵᠤ ᠪᠠᠢᠲᠠᠯ᠎ᠠ ᠴᠢ ᠪᠡᠶ᠎ᠡ ᠪᠡᠷ ᠮᠠᠷᠭᠤᠯ ᠦᠭᠡᠢ ᠴᠠᠪᠴᠢᠨ ᠤᠨᠠᠭᠠᠵᠤ᠂ ᠪᠧᠲ᠋ᠠ᠋ ᠤᠯᠤᠰ ᠤ᠋ᠨ ᠪᠤᠭᠤᠷᠵᠢ᠂ ᠪᠤᠭᠤᠷᠤᠯ ᠳ᠋ᠤᠷ ᠳᠠᠭᠠᠭᠠᠳ ᠰᠥᠨᠢ ᠤᠷᠭᠤᠨ ᠭᠠᠷᠴᠤ ᠢᠷᠡᠭᠰᠡᠨ ᠦᠭᠡᠢ ᠦᠦ ? ᠲᠡᠢᠨ ᠪᠥᠭᠡᠳ ᠡᠳᠦᠭᠡ ᠮᠠᠨ ᠤ᠋ ᠬᠠᠲᠤᠨ ᠯᠤᠭ᠎ᠠ ᠶᠠᠭᠤᠨ ᠳ᠋ᠤᠷ ᠡᠨᠡ ᠮᠡᠲᠦ ᠬᠡᠯᠡᠯᠴᠡᠵᠦ  ᠮᠠᠯ ᠠᠳᠤᠭᠤᠰᠤ ᠮᠡᠲᠦ ᠳᠡᠮᠡᠢᠯᠡ ᠶᠠᠭᠤᠨ ᠢ᠋ ᠴᠠᠯᠴᠢᠮᠤᠢ ! 》ᠬᠡᠮᠡᠲᠡᠯ᠎ᠡ ᠦᠨᠡᠨ ᠴᠢᠭᠳᠦ ᠮᠥᠨ ᠬᠠᠷᠢᠶᠠᠨ ᠥᠭᠦᠯᠡᠷᠦᠨ :《ᠮᠢᠨᠦ ᠡᠵᠡᠨ ᠴᠢᠨᠦ ᠭᠡᠷ ᠲᠦ᠍ ᠡᠪᠡᠳᠦᠭᠰᠡᠨ᠎ᠡ ᠴᠢ ᠬᠣᠣᠷ᠎ᠠ ᠥᠭᠴᠦ ᠬᠡᠳᠦᠨ ᠤᠳᠠᠭ᠎ᠠ ᠪᠣᠯᠤᠭᠰᠠᠨ ᠳ᠋ᠤᠷ ᠪᠢ ᠰᠠᠶᠢ ᠡᠵᠡᠨ ᠢ᠋ᠶ᠋ᠡᠨ ᠠᠪᠴᠤ ᠬᠡᠳᠦᠨ ᠰᠠᠷ᠎ᠠ ᠠᠭᠤᠯᠠᠨ ᠤ᠋ ᠳᠣᠲᠣᠷ᠎ᠠ ᠨᠢᠭᠤᠵᠤ ᠡᠵᠡᠨ ᠦ᠌ ᠡᠪᠡᠳᠴᠢᠨ ᠢ᠋ ᠰᠤᠪᠢᠯᠠᠵᠤ ᠰᠠᠢᠨ ᠪᠤᠯᠬᠤᠢ ᠳ᠋ᠤᠷ ᠴᠢ ᠪᠠᠰᠠ ᠴᠡᠷᠢᠭ ᠢ᠋ᠶ᠋ᠡᠷ ᠨᠡᠬᠡᠵᠦ ᠢᠷᠡᠭᠰᠡᠨ ᠦᠭᠡᠢ ᠦᠦ ? ᠡᠳᠦᠭᠡ ᠡᠯᠵᠢᠭᠡ ᠠᠳᠤᠭᠤᠰᠤ ᠮᠡᠲᠦ ᠡᠷᠡᠦ ᠠᠮᠠᠨ ᠤ᠋ ᠳᠤᠷ᠎ᠠ ᠪᠠᠷ ᠡᠷᠬᠡᠲᠦ ᠮᠠᠨ ᠤ᠋ ᠬᠠᠲᠤᠨ ᠯᠤᠭ᠎ᠠ ᠶᠠᠭᠤᠨ ᠳ᠋ᠤᠷ ᠡᠢᠮᠦ ᠲᠡᠢᠮᠦ ᠭᠡᠮᠡᠨ ᠳᠡᠮᠡᠢᠯᠡ ᠶᠠᠩᠰᠢᠮᠤᠢ ? 》ᠬᠡᠮᠡᠲᠡᠯ᠎ᠡ ᠰᠥᠷᠦᠯᠬᠡᠭ᠂ ᠮᠢᠩᠭᠠᠲᠠ ᠪᠠᠰᠠ ᠲᠣᠰᠴᠤ ᠥᠭᠦᠯᠡᠷᠦᠨ :《ᠡᠴᠢᠭᠡ ᠪᠡᠨ ᠠᠯᠠᠭᠰᠠᠨ ᠡᠷᠯᠢᠭ ᠮᠡᠲᠦ ᠪᠣᠭᠣᠯ᠂ ᠡᠵᠡᠨ ᠢ᠋ ᠮᠢᠨᠦ ᠠᠷᠤ ᠶ᠋ᠢᠨ ᠬᠣᠢᠭᠤᠷ ᠴᠠᠪᠴᠢᠨ ᠤᠨᠠᠭᠠᠭᠰᠠᠨ ᠴᠢ᠂ ᠪᠧᠲ᠋ᠠ᠋ ᠤᠯᠤᠰ ᠤ᠋ᠨ ᠴᠡᠷᠢᠭ ᠲᠦ᠍ᠷ ᠬᠠᠭᠠᠭᠳᠠᠵᠤ ᠪᠠᠴᠢᠮᠳᠠᠬᠤᠢ ᠳ᠋ᠠᠭᠠᠨ ᠮᠠᠨ ᠤ᠋ ᠡᠵᠡᠨ ᠢ᠋ ᠬᠤᠯᠠᠭᠤᠵᠤ ᠨᠢᠭᠤᠨ ᠬᠣᠣᠷ᠎ᠠ ᠥᠭᠴᠦ ᠠᠷᠭ᠎ᠠ ᠦᠭᠡᠢ ᠤᠷᠭᠤᠵᠤ᠂ ᠪᠧᠲ᠋ᠠ᠋ ᠤᠯᠤᠰ ᠤ᠋ᠨ ᠴᠢᠩᠭᠢᠰ ᠬᠠᠭᠠᠨ ᠢ᠋ ᠳᠠᠭᠠᠵᠤ ᠢᠷᠡᠭᠰᠡᠨ ᠢ᠋ ᠬᠠᠷᠢᠨ ᠴᠢᠩᠭᠢᠰ ᠬᠠᠭᠠᠨ ᠮᠠᠨ ᠤ᠋ ᠡᠵᠡᠨ ᠦ᠌ ᠦᠬᠦᠳᠡᠯ ᠢ᠋ ᠬᠦᠨᠳᠦᠳᠬᠡᠨ ᠬᠤᠷᠢᠶᠠᠵᠤ᠂ ᠬᠡᠭᠦᠷ ᠪᠤᠮᠪᠠ ᠡᠭᠦᠳᠴᠦ ᠥᠪᠡᠷ ᠦ᠋ᠨ ᠪᠡᠶ᠎ᠡ ᠪᠡᠷ ᠰᠥᠭᠥᠳᠴᠦ ᠠᠷᠢᠬᠢ ᠳᠤᠰᠤᠭᠠᠨ ᠬᠣᠷᠣᠰᠤᠯᠳᠤ ᠰᠦᠨᠡᠰᠦᠨ ᠢ᠋ ᠲᠣᠬᠣᠷᠤᠭᠤᠯᠪᠠ᠃ ᠲᠡᠢᠮᠦ ᠶ᠋ᠢᠨ ᠲᠤᠯᠠ ᠡᠳᠦᠭᠡ ᠪᠢᠳᠡ ᠪᠣᠭᠳᠠ ᠴᠢᠩᠭᠢᠰ ᠬᠠᠭᠠᠨ ᠤ᠋ ᠬᠡᠰᠢᠭ ᠢ᠋ᠶ᠋ᠡᠷ ᠮᠥᠨ ᠬᠦ᠌ ᠤᠯᠤᠰ ᠢ᠋ᠶ᠋ᠠᠨ ᠣᠯᠵᠤ ᠡᠭᠡᠵᠦ ᠠᠮᠤᠷ ᠠᠲᠠᠷ ᠢ᠋ᠶ᠋ᠠᠷ ᠰᠠᠭᠤᠵᠤ ᠠᠬᠤᠶ᠎ᠠ᠂ ᠴᠢ ᠪᠠᠰᠠᠨ ᠶᠠᠭᠤᠨ ᠳ᠋ᠤᠷ ᠳᠠᠪᠴᠢᠯᠠᠷ᠎ᠠ ᠢᠷᠡᠭᠡᠳ ᠡᠨᠡ ᠮᠡᠲᠦ ᠠᠭᠠᠰᠢᠯᠠᠮᠤᠢ ? 》ᠬᠡᠮᠡᠬᠦᠢ ᠳ᠋ᠦ᠍ᠷ ᠴᠢᠦᠢ ᠴᠦ᠍ ᠯᠢᠦᠢ ᠶᠡᠬᠡᠯ᠎ᠡ ᠭᠢᠯᠢᠭᠯᠡᠨ ᠬᠠᠰᠬᠢᠷᠤᠨ ᠬᠠᠷᠢᠶᠠᠵᠤ ᠳᠠᠷᠤᠢ ᠪᠠᠢᠯᠳᠤᠭᠠᠨ ᠤ᠋ ᠶᠡᠬᠡ ᠬᠡᠩᠭᠡᠷᠭᠡ ᠶ᠋ᠢ ᠴᠣᠬᠢᠭᠤᠯᠵᠤ᠂ ᠲᠣᠳᠣ ᠯᠤᠭ᠎ᠠ ᠠᠯᠠᠨ ᠣᠷᠣᠵᠤ ᠢᠷᠡᠭᠰᠡᠨ ᠳ᠋ᠦ᠍ᠷ ᠰᠣᠯᠤᠩᠭᠤᠸ᠎ᠠ ᠮᠥᠨ ᠨᠠᠷᠢᠨ ᠬᠣᠭᠣᠯᠠᠢ ᠪᠠᠷ ᠨᠢᠭᠡᠨᠲᠡ ᠵᠠᠩᠳᠠᠵᠤ ᠳᠠᠷᠤᠢ ᠰᠡᠷᠪᠡᠭᠡᠲᠦ ᠵᠢᠳᠠ ᠪᠠᠨ ᠰᠠᠯᠬᠢᠨ ᠤ᠋ ᠬᠦᠷᠳᠦ ᠮᠡᠲᠦ ᠡᠷᠭᠢᠭᠦᠯᠦᠨ ᠬᠠᠳᠠᠮ ᠠᠬ᠎ᠠ ᠪᠠᠨ ᠣᠨᠣᠯᠠᠨ ᠣᠷᠣᠪᠠ᠃ ᠰᠠᠢᠬᠠᠨ ᠬᠦᠷᠢ ᠮᠥᠨ ᠳ᠋ᠠᠮ ᠢᠯᠳᠦᠨ ᠢ᠋ᠶ᠋ᠠᠨ ᠳᠠᠯᠠᠯᠤᠨ ᠬᠠᠪᠴᠢᠨ ᠣᠷᠣᠪᠠ᠃ ᠡᠭᠦᠨ ᠳ᠋ᠦ᠍ᠷ ᠲᠣᠳᠣ ᠬᠣᠶᠠᠷ ᠡᠬᠡᠨᠡᠷ ᠴᠢᠦᠢ ᠴᠦ᠍ ᠯᠢᠦᠢ ᠶ᠋ᠢ ᠬᠠᠪᠴᠢᠨ ᠪᠠᠢᠯᠳᠤᠬᠤ ᠶ᠋ᠢ ᠦᠵᠡᠭᠡᠳ ᠬᠠᠵᠠᠭᠤ ᠠ᠋ᠴᠠ ᠥᠮᠥᠭᠯᠡᠨ ᠣᠷᠣᠭᠰᠠᠨ ᠳ᠋ᠤᠷ ᠡᠨᠡᠲᠡᠭᠡ ᠡᠴᠡ ᠰᠥᠷᠥᠯᠬᠡᠭ᠂ ᠮᠢᠩᠭᠠᠲᠠ ᠬᠠᠮᠲᠤ ᠲᠣᠰᠴᠤ ᠪᠠᠢᠯᠳᠤᠨ ᠬᠣᠷᠢᠨ ᠤᠳᠠᠭ᠎ᠠ ᠢᠯᠡᠭᠦᠦ ᠪᠣᠯᠲᠠᠯ᠎ᠠ ᠴᠢᠦᠢ ᠴᠦ᠍ ᠯᠢᠦᠢ ᠡᠨᠡ ᠬᠣᠶᠠᠷ ᠡᠬᠡᠨᠡᠷ ᠵᠠᠩᠵᠤᠨ ᠤ᠋ ᠢᠯᠳᠦ ᠵᠢᠳᠠ ᠮᠠᠰᠢ ᠬᠤᠷᠴᠠ᠂ ᠵᠠᠪ ᠴᠢᠯᠥᠭᠡ ᠭᠠᠷᠬᠤ ᠦᠭᠡᠢ ᠳ᠋ᠦ᠍ᠷ ᠭᠠᠭᠴᠠ ᠬᠠᠯᠬᠠᠯᠠᠨ ᠲᠣᠰᠴᠤ ᠡᠰᠡᠷᠭᠦᠯᠡᠬᠦ ᠪᠣᠢ ‍ᠶ᠎ᠠ᠂ ᠣᠭᠲᠣ ᠡᠰᠡᠷᠭᠦᠴᠡᠨ ᠲᠤᠯᠵᠤ ᠴᠢᠳᠠᠬᠤ ᠦᠭᠡᠢ ᠪᠣᠯᠤᠭᠠᠳ ᠶᠡᠬᠡᠯ᠎ᠡ ᠪᠠᠴᠢᠮᠳᠠᠨ ᠬᠠᠷᠠᠬᠠᠨ ᠵᠠᠢ ᠡᠷᠢᠨ ᠳᠤᠲᠠᠭᠠᠰᠤᠭᠠᠢ ᠬᠡᠮᠡᠲᠡᠯ᠎ᠡ ᠰᠣᠯᠣᠩᠭ᠋ᠸ᠎ᠠ ᠤᠬᠤᠰᠬᠢᠨ ᠤᠷᠪᠠᠵᠤ ᠨᠠᠷᠢᠨ ᠬᠣᠭᠣᠯᠠᠢ ᠪᠠᠷ ᠨᠢᠭᠡᠨᠲᠡ ᠵᠠᠩᠳᠠᠨ᠂ ᠰᠢᠪᠦᠭᠡ ᠮᠡᠲᠦ ᠵᠢᠳᠠ ᠪᠠᠷ ᠴᠢᠦᠢ ᠴᠦ᠍ ᠯᠢᠦᠢ ᠶ᠋ᠢᠨ ᠪᠠᠷᠠᠭᠤᠨ ᠭᠤᠶ᠎ᠠ ᠶ᠋ᠢ ᠰᠢᠪᠲᠤ ᠬᠠᠳᠬᠤᠭᠰᠠᠨ ᠳ᠋ᠤᠷ ᠴᠢᠦᠢ ᠴᠦ᠍ ᠯᠢᠦᠢ ᠶᠡᠬᠡᠯ᠎ᠡ ᠡᠪᠡᠷᠰᠢᠶᠡᠨ ᠶᠠᠭᠠᠷᠠᠨ ᠮᠣᠷᠢᠨ ᠤ᠋ ᠳᠡᠯ ᠢ᠋ᠶ᠋ᠡᠨ ᠰᠢᠭᠦᠷᠡᠨ ᠡᠭᠡᠵᠦ ᠪᠤᠷᠤᠭᠤᠯᠠᠬᠤᠢ ᠳ᠋ᠤᠷ ᠰᠠᠢᠬᠠᠨ ᠬᠦᠷᠢ ᠨᠡᠬᠡᠨ ᠡᠴᠢᠵᠦ ᠪᠠᠰᠠ ᠬᠦᠴᠦᠯᠡᠨ ᠵᠢᠳᠠᠯᠠᠭᠰᠠᠨ ᠳ᠋ᠤᠷ ᠲᠣᠪᠬᠢᠲᠠᠯ᠎ᠠ ᠴᠢᠦᠢ ᠴᠦ᠍ ᠯᠢᠦᠢ ᠶ᠋ᠢᠨ ᠵᠡᠭᠦᠨ ᠭᠤᠶ᠎ᠠ ᠬᠠᠳᠬᠤᠭᠳᠠᠭᠰᠠᠨ ᠬᠦᠴᠦᠨ ᠳ᠋ᠦ᠍ᠷ ᠶ᠋ᠢᠳᠠ ᠶ᠋ᠢᠨ ᠲᠣᠯᠣᠭᠠᠢ ᠨᠡᠪᠲᠡ ᠭᠠᠷᠤᠭᠰᠠᠨ ᠳ᠋ᠤᠷ ᠲᠡᠳᠡᠨ ᠠᠪᠴᠤ ᠵᠠᠪᠳᠤᠬᠤ ᠶ᠋ᠢᠨ ᠤᠷᠢᠳᠠ ᠲᠣᠳᠣ᠂ ᠰᠥᠷᠦᠯᠬᠡᠭ ᠨᠠᠷ ᠢ᠋ ᠳᠠᠭᠠᠭᠤᠯᠤᠨ ᠴᠢᠦᠢ ᠴᠦ᠍ ᠯᠢᠦᠢ ᠶ᠋ᠢ ᠮᠤᠰᠬᠢᠨ ᠢᠷᠡᠬᠦᠢ ᠳ᠋ᠦ᠍ᠷ ᠰᠠᠢᠬᠠᠨ ᠬᠦᠷᠢ ᠵᠢᠳᠠ ᠶ᠋ᠢ ᠲᠠᠯᠪᠢᠵᠤ ᠢᠯᠡᠭᠡᠭᠡᠳ ᠰᠡᠯᠡᠮ᠎ᠡ ᠪᠡᠨ ᠠᠪᠴᠤ ᠲᠣᠳᠣ ᠶ᠋ᠢ ᠲᠣᠰᠴᠤ ᠪᠠᠢᠯᠳᠤᠬᠤᠢ ᠳ᠋ᠤᠷ ᠰᠣᠯᠣᠩᠭᠤᠸ᠎ᠠ ᠶᠠᠭᠠᠷᠠᠨ ᠲᠠᠮᠰᠢᠯᠭ᠎ᠠ ᠨᠤᠮᠤ ᠳ᠋ᠤᠷ ᠭᠠᠤᠯᠢᠨ ᠪᠥᠮᠪᠥᠭᠡ ᠡᠮᠬᠦᠭᠦᠯᠦᠨ ᠲᠣᠳᠣ ᠶ᠋ᠢᠨ ᠲᠠᠮᠰᠢᠶᠠᠯᠠᠨ ᠢᠯᠡᠭᠡᠭᠰᠡᠨ ᠳ᠋ᠦ᠍ᠷ ᠪᠥᠮᠪᠥᠭᠡ ᠲᠣᠪᠬᠢᠲᠠᠯ᠎ᠠ ᠲᠣᠳᠣ ᠶ᠋ᠢᠨ ᠤᠷᠤᠭᠤᠯ ᠰᠢᠲᠦ ᠶ᠋ᠢ ᠤᠨᠤᠵᠤ᠂ ᠬᠣᠶᠠᠷ ᠡᠭᠦᠳᠡᠨ ᠰᠢᠲᠦ ᠬᠤᠭᠤᠷᠠᠵᠤ ᠭᠠᠤᠯᠢᠨ ᠪᠥᠮᠪᠥᠭᠡ ᠰᠢᠲᠦᠨ ᠵᠠᠪᠰᠠᠷ ᠲᠤᠷ ᠬᠠᠪᠴᠢᠭ᠍ᠳᠠᠪᠠ᠃ ᠲᠣᠳᠣ ᠨᠢᠳᠦᠨ ᠡᠴᠡ ᠭᠠᠯ ᠭᠠᠷᠴᠤ ᠵᠢᠳᠠ ᠪᠠᠨ ᠴᠢᠷᠴᠦ ᠪᠤᠷᠤᠭᠤᠯᠠᠭᠰᠠᠨ᠎ᠠ ᠰᠣᠯᠤᠩᠭᠤᠸ᠎ᠠ ᠳᠠᠷᠤᠢ ᠳᠡᠢᠯᠦᠭᠰᠡᠨ ᠬᠦᠴᠦᠨ ᠳ᠋ᠦ᠍ᠷ ᠢ᠋ᠶ᠋ᠡᠨ ᠤᠯᠠᠭᠠᠨ ᠲᠡᠮᠳᠡᠭ ᠳᠠᠯᠪᠠᠭ᠎ᠠ ᠪᠠᠨ ᠨᠢᠭᠡᠨᠲᠡ ᠳᠠᠯᠠᠯᠤᠨ ᠳᠠᠷᠤᠨ ᠣᠷᠣᠵᠤ ᠳᠥᠴᠢᠨ ᠭᠠᠵᠠᠷ ᠨᠡᠬᠡᠵᠦ ᠠᠯᠠᠪᠠ᠃ ᠡᠭᠦᠨ ᠳ᠋ᠦ᠍ᠷ ᠳᠠᠷᠤᠢ ᠳᠡᠢᠯᠦᠭᠰᠡᠨ ᠬᠦᠴᠦᠨ ᠳ᠋ᠡᠭᠡᠨ ᠣᠯᠵᠠ ᠣᠮᠣᠭᠲᠤ ᠴᠡᠷᠢᠭ ᠢ᠋ᠶ᠋ᠡᠨ ᠠᠪᠴᠤ ᠪᠤᠯᠤᠤ ᠬᠠᠰ ᠬᠠᠭᠠᠨ ᠤ᠋ ᠴᠡᠷᠢᠭ ᠢ᠋ ᠰᠤᠨᠳᠠᠯᠠᠨ ᠢᠷᠡᠬᠦᠢ ᠳ᠋ᠦ᠍ᠷ ᠪᠤᠯᠤᠤ ᠬᠠᠰ ᠬᠠᠭᠠᠨ ᠴᠡᠴᠡᠭ ᠠᠭᠤᠯᠠᠨ᠎ᠠ ᠪᠧᠲ᠋ᠠ᠋ ᠤᠯᠤᠰ ᠤ᠋ᠨ ᠪᠤᠭᠤᠷᠵᠢ ᠶ᠋ᠢᠨ ᠴᠡᠷᠢᠭ ᠲᠦ᠍ᠷ ᠡᠰᠡᠷᠭᠦᠯᠡᠨ ᠪᠠᠢᠯᠳᠤᠵᠤ ᠬᠣᠶᠠᠷ ᠡᠳᠦᠷ ᠪᠣᠯᠤᠭᠠᠳ ᠪᠠᠰᠠ ᠬᠣᠶᠠᠳᠤᠭᠠᠷ ᠡᠳᠦᠷ ᠬᠠᠷᠠᠬᠠᠨ ᠪᠠᠢᠯᠳᠤᠵᠤ ᠪᠥᠬᠥᠶ᠎ᠡ ᠂ ᠡᠨᠡ ᠰᠣᠯᠤᠩᠭᠤᠸ᠎ᠠ ᠰᠠᠢᠬᠠᠨ ᠬᠦᠷᠢ ᠬᠣᠶᠠᠭᠤᠯᠠ ᠶ᠋ᠢᠨ ᠴᠡᠷᠢᠭ ᠠᠷᠤ ᠠ᠋ᠴᠠ ᠳᠠᠷᠤᠨ ᠣᠷᠣᠭᠰᠠᠨ ᠳ᠋ᠤᠷ ᠪᠤᠯᠤᠤ ᠬᠠᠰ ᠬᠠᠭᠠᠨ ᠤ᠋ ᠴᠡᠷᠢᠭ ᠰᠠᠨᠠᠭᠠᠨ ᠳ᠋ᠤᠷ ᠦᠭᠡᠢ ᠶᠡᠬᠡᠯ᠎ᠡ ᠰᠣᠴᠢᠵᠤ ᠰᠠᠮᠠᠭᠤᠷᠠᠪᠠ᠃  
       ᠲᠡᠳᠦᠢ ᠶᠠᠭᠠᠷᠠᠨ ᠲᠠᠯ᠎ᠠ ᠤᠷᠤᠭᠤᠳᠠᠨ ᠪᠤᠷᠤᠭᠤᠯᠠᠬᠤᠢ ᠳ᠋ᠤᠷ ᠪᠧᠲ᠋ᠠ᠋ ᠨᠠᠢ᠍ᠮᠠᠨ ᠬᠣᠶᠠᠷ ᠤᠯᠤᠰ ᠤ᠋ᠨ ᠴᠡᠷᠢᠭ ᠠᠭᠤᠯᠵᠠᠵᠤ᠂ ᠪᠤᠯᠤᠤ ᠬᠠᠰ ᠬᠠᠭᠠᠨ ᠤ᠋ ᠴᠡᠷᠢᠭ ᠢ᠋ ᠵᠠᠭᠤᠨ ᠭᠠᠵᠠᠷ ᠨᠡᠬᠡᠵᠦ ᠰᠠᠶᠢ ᠵᠣᠭᠰᠣᠪᠠ᠃ ᠣᠯᠤᠭᠰᠠᠨ ᠣᠯᠵᠠ ᠶ᠋ᠢ ᠰᠣᠯᠤᠩᠭᠤᠸ᠎ᠠ ᠴᠥᠮ  ᠪᠧᠲ᠋ᠠ᠋ ᠤᠯᠤᠰ ᠤ᠋ᠨ ᠴᠡᠷᠢᠭ ᠲᠦ᠍ ᠱᠠᠩᠨᠠᠪᠠ᠂ ᠪᠤᠭᠤᠷᠵᠢ᠂ ᠰᠣᠯᠤᠩᠭᠤᠸ᠎ᠠ ᠰᠠᠢᠬᠠᠨ ᠬᠦᠷᠢ ᠶ᠋ᠢ ᠮᠠᠭᠲᠠᠨ ᠭᠠᠢᠬᠠᠪᠠ᠃ ᠰᠣᠯᠤᠩᠭᠤᠸ᠎ᠠ ᠰᠠᠢᠬᠠᠨ ᠬᠦᠷᠢ ᠬᠣᠶᠠᠭᠤᠯᠠ ᠤᠯᠤᠰ ᠲᠤᠷ ᠢ᠋ᠶ᠋ᠠᠨ ᠬᠦᠷᠴᠦ ᠵᠠᠩᠵᠤᠨ ᠴᠡᠷᠢᠭ ᠲᠡᠭᠡᠨ ᠬᠦᠨᠳᠦ ᠱᠠᠩ ᠥᠭᠴᠦ ᠤᠯᠤᠰ ᠢ᠋ᠶ᠋ᠠᠨ ᠰᠡᠷᠭᠡᠢᠯᠡᠨ ᠰᠠᠬᠢᠪᠠ᠃ ᠪᠤᠯᠤᠤ ᠬᠠᠰ ᠬᠠᠭᠠᠨ ᠤ᠋ ᠬᠣᠶᠠᠷ ᠠᠩᠭᠢ ᠶ᠋ᠢᠨ ᠴᠡᠷᠢᠭ ᠡᠭᠡᠵᠦ ᠤᠯᠤᠰ ᠲᠤᠷ ᠢ᠋ᠶ᠋ᠠᠨ ᠬᠦᠷᠦᠭᠰᠡᠨ ᠳ᠋ᠦ᠍ᠷ ᠬᠥᠪᠡᠭᠦᠨ ᠴᠢᠦᠢ ᠴᠦ᠍ ᠯᠢᠦᠢ ᠪᠠᠷᠠᠭᠤᠨ ᠭᠤᠶ᠎ᠠ ᠳ᠋ᠤᠷ ᠠᠮᠠ ᠭᠠᠷᠴᠤ ᠵᠡᠭᠦᠨ ᠭᠤᠶ᠎ᠠ ᠳ᠋ᠤᠷ ᠰᠡᠭᠦᠯ ᠴᠢᠷᠦᠨ᠂ ᠲᠣᠳᠣ ᠠᠮᠠᠨ ᠳ᠋ᠤᠷ ᠬᠠᠷ᠎ᠠ ᠠᠯᠲᠠᠨ ᠲᠠᠨ᠎ᠠ ᠲᠠᠢ ᠪᠣᠯᠵᠤ ᠬᠠᠷᠢᠵᠤ ᠢᠷᠡᠭᠡᠳ ᠰᠢᠷᠬ᠎ᠠ ᠪᠠᠨ ᠲᠡᠵᠢᠭᠡᠨ ᠴᠡᠷᠢᠭ ᠢ᠋ᠶ᠋ᠡᠨ ᠪᠣᠯᠪᠠᠰᠤᠷᠠᠭᠤᠯᠤᠨ ᠬᠠᠷᠢᠭᠤ ᠦᠰ ᠠᠪᠬᠤ ᠶ᠋ᠢ ᠰᠡᠳᠬᠢᠬᠦᠶ᠎ᠡ᠂ ᠰᠠᠨᠠᠮᠰᠠᠷ ᠦᠭᠡᠢ ᠪᠧᠲ᠋ᠠ᠋ ᠤᠯᠤᠰ ᠤ᠋ᠨ ᠡᠵᠡᠨ ᠪᠠᠷᠠᠭᠤᠨ ᠲᠥᠪᠡᠳ᠂ ᠪᠠᠯᠪᠤ᠂ ᠬᠣᠲᠣᠩ᠂ ᠬᠠᠱᠠᠭᠠᠷ᠂ ᠬᠠᠷᠯᠢᠭᠤᠳ ᠠ᠋ᠴᠠ ᠡᠭᠡᠵᠦ ᠢᠷᠡᠭᠰᠡᠨ ᠳ᠋ᠦ᠍ᠷ ᠵᠢᠯ ᠢᠯᠡᠭᠦᠦ ᠴᠡᠷᠢᠭ ᠢ᠋ᠶ᠋ᠡᠨ ᠢᠪ ᠴᠢᠪ ᠪᠣᠯᠭᠠᠨ ᠵᠣᠰᠠᠭᠣᠯᠤᠭᠠᠳ ᠭᠠᠭᠴᠠ ᠬᠤᠯᠠᠭᠤᠵᠤ ᠬᠠᠯᠳᠠᠬᠤ ᠶ᠋ᠢ ᠰᠡᠷᠭᠡᠢᠯᠡᠬᠦ ᠠᠵᠤᠭᠤ᠃ 
       ᠲᠡᠳᠦᠢ ᠨᠠᠢ᠍ᠮᠠᠨ ᠤ᠋ ᠲᠤᠷᠰᠢᠭᠤᠯ ᠣᠯᠵᠤ ᠰᠣᠨᠣᠰᠤᠭᠠᠳ ᠢᠷᠡᠵᠦ ᠮᠡᠳᠡᠭᠦᠯᠦᠭᠰᠡᠨ ᠳ᠋ᠦ᠍ᠷ ᠠᠯᠲᠠᠨᠱᠠᠭ᠎ᠠ᠂ ᠶᠤᠸᠠᠨᠱᠤᠸᠠᠢ ᠶ᠋ᠢᠨ ᠶᠠᠮᠤᠨ ᠳ᠋ᠤᠷ ᠮᠡᠳᠡᠭᠦᠯᠦᠭᠰᠡᠨ᠎ᠡ ᠡᠨᠡ ᠭᠤᠷᠪᠠᠨ ᠠᠩᠭᠢ ᠴᠡᠷᠢᠭ ᠮᠣᠷᠳᠠᠭᠰᠠᠨ ᠠᠵᠤᠭᠤ᠃ 
       ᠲᠡᠨᠳᠡᠴᠡ ᠮᠣᠩᠭᠣᠯ ᠤᠯᠤᠰ ᠤ᠋ᠨ ᠶᠡᠬᠡ ᠲᠠᠢᠽᠢ ᠵᠣ᠌ ᠴᠢᠨ ᠸᠠᠩ᠂ ᠬᠣᠶᠠᠳᠤᠭᠠᠷ ᠲᠡᠢᠴᠢ ᠴᠠ‍ ᠴᠢᠨ ᠸᠠᠩ ᠨᠠᠢ᠍ᠮᠠᠨ ᠵᠠᠩᠵᠤᠨ ᠨᠠᠢ᠍ᠮᠠᠨ ᠮᠢᠩᠭᠠᠨ ᠴᠡᠷᠢᠭ ᠢ᠋ ᠠᠪᠴᠤ ᠪᠤᠭᠤᠷᠵᠢ ᠲᠡᠷᠢᠭᠦᠯᠡᠨ ᠦᠷᠢᠯᠲᠦ ᠠᠭᠤᠯᠠᠨ ᠳ᠋ᠤᠷ ᠬᠦᠷᠲᠡᠯ᠎ᠡ ᠴᠢᠪᠬᠢᠲᠡᠯ᠎ᠡ ᠪᠤᠯᠤᠤ ᠬᠠᠰ ᠬᠠᠭᠠᠨ ᠤ᠋ ᠠᠪᠠᠯᠠᠷ᠎ᠠ ᠭᠠᠷᠴᠤ ᠢᠷᠡᠭᠰᠡᠨ ᠳ᠋ᠦ᠍ᠷ ᠲᠣᠬᠢᠶᠠᠯᠳᠤᠭᠰᠠᠨ ᠲᠤᠯᠠ ᠰᠥᠨᠢ ᠳᠦᠯᠢᠨ ᠦᠷᠢᠯᠲᠦ ᠠᠭᠤᠯᠠᠨ ᠤ᠋ ᠠᠮᠤᠷ ᠬᠣᠱᠣᠣ ᠨᠡᠷᠡᠲᠦ ᠳᠣᠪᠣ ᠳ᠋ᠤᠷ ᠪᠦᠭᠭᠦᠵᠦ᠂ ᠵᠢᠴᠢ ᠡᠳᠦᠷ ᠬᠠᠷᠠᠬᠠᠨ ᠠᠪᠠ ᠳᠡᠯᠭᠡᠨ ᠳᠠᠭᠠᠷᠢᠨ ᠢᠷᠡᠬᠦᠶ᠎ᠡ᠂ ᠫᠤᠤ ᠲᠠᠯᠪᠢᠨ ᠬᠡᠩᠭᠡᠷᠭᠡ ᠨᠢᠭᠡᠨᠲᠡ ᠴᠣᠬᠢᠮᠠᠭᠴᠠ ᠨᠠᠢ᠍ᠮᠠᠨ ᠵᠠᠩᠵᠤᠨ ᠬᠠᠮᠲᠤ ᠪᠠᠷ ᠭᠠᠷᠴᠤ ᠪᠤᠯᠤᠤ ᠬᠠᠰ ᠬᠠᠭᠠᠨ ᠢ᠋ ᠬᠣᠷᠢᠵᠤ ᠠᠪᠤᠭᠠᠳ ᠴᠠ‍ ᠴᠢᠨ ᠸᠠᠩ ᠨᠢᠭᠡᠬᠡᠨ ᠰᠤᠮᠤ ᠪᠠᠷ ᠪᠤᠯᠤᠤ ᠬᠠᠰ ᠬᠠᠭᠠᠨ ᠤ᠋ ᠪᠠᠷᠠᠭᠤᠨ ᠭᠠᠷ ᠢ᠋ ᠬᠠᠷᠪᠤᠵᠤ ᠵᠡᠪᠡ ᠭᠠᠳᠠᠭᠰᠠᠨ᠎ᠠ ᠪᠤᠭᠤᠷᠵᠢ ᠱᠠᠯᠠᠮᠠᠭᠠᠢᠯᠠᠨ ᠣᠷᠣᠵᠤ ᠠᠮᠢᠳᠤ ᠪᠠᠷ ᠪᠠᠷᠢᠭᠠᠳ ᠳᠠᠷᠤᠢ ᠬᠣᠶᠠᠷ ᠮᠢᠩᠭᠠᠨ ᠢᠯᠡᠭᠦᠦ ᠠᠪᠠ ᠶ᠋ᠢᠨ ᠴᠡᠷᠢᠭ ᠢ᠋ ᠴᠥᠮ ᠳᠠᠭᠠᠭᠤᠯᠵᠤ ᠡᠭᠡᠨ ᠢᠷᠡᠪᠡ᠃ ᠤᠯᠤᠰ ᠤ᠋ᠨ ᠵᠠᠬ᠎ᠠ ᠳ᠋ᠤᠷ ᠬᠦᠷᠲᠡᠯ᠎ᠡ ᠪᠠᠷᠠᠭᠤᠨ ᠠ᠋ᠴᠠ ᠪᠠᠰᠠ ᠮᠤᠬᠤᠯᠢ ᠳᠡᠢᠯᠦᠭᠰᠡᠨ ᠴᠡᠷᠢᠭ ᠢ᠋ᠶ᠋ᠡᠨ ᠠᠪᠴᠤ ᠳᠣᠪᠲᠣᠯᠤᠨ ᠬᠦᠷᠴᠦ ᠢᠷᠡᠪᠡ᠃ ᠠᠰᠠᠭᠤᠪᠠᠰᠤ ᠮᠤᠬᠤᠯᠢ ᠰᠥᠨᠢ ᠳᠦᠯᠢ ᠪᠤᠯᠤᠤ ᠬᠠᠭᠠᠨ ᠤ᠋ ᠡᠭᠡᠬᠦ ᠴᠡᠷᠢᠭ ᠭᠡᠮᠡᠨ ᠠᠯᠠᠨ ᠣᠷᠣᠵᠤ ᠬᠠᠭᠤᠴᠢᠨ ᠨᠠᠢ᠍ᠮᠠᠨ ᠢ᠋ ᠪᠦᠷᠢᠨ᠎ᠡ ᠬᠣᠷᠢᠶᠠᠨ ᠠᠪᠤᠪᠠ ᠬᠡᠮᠡᠮᠦ᠃ ᠴᠢᠦᠢ ᠴᠦ᠍ ᠯᠢᠦᠢ᠂ ᠲᠣᠳᠣ ᠯᠤᠭ᠎ᠠ ᠬᠡᠳᠦᠨ ᠵᠠᠭᠤᠨ ᠮᠣᠷᠢᠲᠠᠨ ᠢ᠋ ᠠᠪᠴᠤ ᠠᠷᠠᠢᠬᠠᠨ ᠠᠮᠢ ᠪᠠᠨ ᠬᠠᠮᠠᠭᠠᠯᠠᠨ ᠭᠠᠷᠴᠤ ᠢᠯᠳᠡᠰᠢ ᠮᠥᠷᠡᠨ ᠦ᠌ ᠵᠦᠭ ᠳᠤᠲᠠᠭᠠᠨ ᠡᠴᠢᠪᠡ᠃ 
       ᠲᠠᠢᠽᠦ᠂ ᠴᠢᠩᠭᠢᠰ ᠬᠠᠭᠠᠨ ᠴᠡᠷᠢᠭ ᠢ᠋ᠶ᠋ᠡᠨ ᠬᠥᠳᠡᠯᠭᠡᠵᠦ ᠭᠤᠷᠪᠠᠨ ᠬᠣᠨᠣᠭ ᠤ᠋ᠨ ᠡᠴᠦᠰ ᠲᠦ᠍ᠷ ᠬᠣᠶᠠᠷ ᠠᠩᠭᠢ ᠴᠡᠷᠢᠭ ᠴᠥᠮ ᠳᠡᠢᠯᠦᠭᠰᠡᠨ ᠳ᠋ᠦ᠍ᠷ ᠴᠡᠷᠢᠭ ᠢ᠋ ᠡᠭᠡᠭᠦᠯᠪᠡ᠃ ᠮᠤᠬᠤᠯᠢ ᠬᠣᠶᠠᠷ ᠮᠣᠵᠢ ᠶ᠋ᠢ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠨᠡᠮᠡᠨ ᠬᠤᠷᠢᠶᠠᠵᠤ᠂ ᠰᠠᠩ ᠬᠥᠮᠥᠷᠭᠡ ᠶ᠋ᠢ ᠪᠠᠢᠴᠠᠭᠠᠨ ᠠᠪᠴᠤ ᠲᠣᠭᠲᠣᠩᠭᠣ᠌ ᠪᠠᠷ ᠨᠢᠭᠡᠨ ᠲᠦᠮᠡᠨ ᠴᠡᠷᠢᠭ ᠲᠡᠢ ᠨᠠᠢ᠍ᠮᠠᠨ ᠢ᠋ ᠰᠠᠬᠢᠭᠤᠯᠤᠭᠠᠳ ᠪᠤᠰᠤ ᠴᠡᠷᠢᠭ ᠡᠭᠡᠪᠡ᠃ ᠡᠭᠦᠨ ᠳ᠋ᠦ᠍ᠷ ᠮᠣᠩᠭᠣᠯ ᠤᠯᠤᠰ ᠤ᠋ᠨ ᠶᠡᠬᠡ ᠪᠠᠭ᠎ᠠ ᠡᠰᠡ ᠪᠠᠶᠠᠷᠯᠠᠬᠤ ᠬᠥᠮᠦᠨ ᠦᠭᠡᠢ᠃ ᠪᠤᠯᠤᠤ ᠬᠠᠭᠠᠨ ᠤ᠋ ᠴᠡᠷᠢᠭ ᠡᠨᠳᠡ ᠬᠥᠳᠡᠯᠦᠮᠡᠭᠴᠡ ᠳᠠᠢᠰᠤᠨ ᠤ᠋ ᠴᠡᠷᠢᠭ ᠲᠡᠨᠳᠡ ᠳᠠᠷᠤᠭᠳᠠᠪᠠ᠃ ᠦᠨᠡᠬᠡᠷ ᠲᠡᠭᠷᠢ ᠶ᠋ᠢᠨ ᠬᠥᠪᠡᠭᠦᠨ ᠦ᠌ ᠰᠦᠷ ᠭᠡᠷᠡᠯ ᠨᠡᠢᠲᠡ ᠳ᠋ᠦ᠍ᠷ ᠲᠦᠭᠡᠮᠡᠯ ᠮᠠᠨᠳᠤᠭᠰᠠᠨ ᠤ᠋ ᠲᠤᠯᠠ ᠴᠡᠷᠢᠭ ᠦ᠋ᠨ ᠨᠡᠷ᠎ᠡ ᠶ᠋ᠢ ᠰᠣᠨᠣᠰᠤᠭᠰᠠᠨ ᠪᠠ ᠬᠦᠷᠦᠭᠰᠡᠨ ᠭᠠᠵᠠᠷ ᠳᠠᠷᠤᠢ ᠳᠠᠷᠤᠭᠳᠠᠨ ᠳᠠᠭᠠᠮᠤᠢ ᠭᠡᠮᠡᠨ ᠶᠡᠬᠡ ᠪᠠᠶᠠᠷ ᠤ᠋ᠨ ᠬᠤᠷᠢᠮ ᠪᠠᠷᠢᠬᠤᠢ ᠳ᠋ᠤᠷ ᠮᠤᠬᠤᠯᠢ ᠮᠥᠨ ᠡᠭᠡᠨ ᠬᠦᠷᠴᠦ ᠢᠷᠡᠭᠡᠳ ᠠᠯᠲᠠᠨᠱᠠᠭ᠎ᠠ ᠪᠠᠷ ᠬᠠᠭᠤᠴᠢᠨ ᠨᠠᠢ᠍ᠮᠠᠨ ᠢ᠋ ᠬᠠᠪᠰᠤᠷᠤᠨ ᠰᠠᠬᠢᠭᠤᠯᠪᠠ᠃ 
       ᠲᠡᠳᠦᠢ ᠶᠤᠸᠠᠨᠱᠤᠸᠠᠢ ᠪᠤᠭᠤᠷᠵᠢ᠂ ᠪᠤᠯᠤᠤ ᠬᠠᠰ ᠬᠠᠭᠠᠨ ᠢ᠋ ᠠᠮᠢᠳᠤ ᠪᠠᠷ ᠡᠷᠭᠦᠨ ᠪᠠᠷᠢᠭ᠍ᠰᠠᠨ ᠳ᠋ᠤᠷ ᠲᠠᠢᠽᠦ ᠲᠡᠭᠦᠨ ᠢ᠋ ᠶᠠᠭᠤᠨ ᠳ᠋ᠤᠷ ᠡᠵᠡᠨ ᠢ᠋ᠶ᠋ᠡᠨ ᠲᠠᠢᠶᠠᠩ ᠬᠠᠭᠠᠨ ᠢ᠋ ᠠᠯᠠᠭᠰᠠᠨ ᠤᠴᠢᠷ ᠢ᠋ ᠠᠰᠠᠭᠤᠪᠠᠰᠤ ᠪᠤᠯᠤᠤ ᠥᠭᠦᠯᠡᠷᠦᠨ : 《ᠪᠢ ᠠᠯᠠᠭᠰᠠᠨ ᠪᠤᠰᠤ ᠮᠢᠨᠦ ᠬᠥᠪᠡᠭᠦᠨ ᠠᠯᠠᠭᠰᠠᠨ ᠪᠣᠯᠠᠢ᠃ ᠬᠥᠪᠡᠭᠦᠨ ᠦ᠌ ᠠᠯᠠᠭᠰᠠᠨ ᠶᠠᠯ᠎ᠠ ᠶ᠋ᠢ ᠶᠠᠭᠠᠬᠢᠨ ᠡᠴᠢᠭᠡ ᠡᠴᠡ ᠢᠨᠦ ᠠᠰᠠᠭᠤᠮᠤᠢ ?》ᠬᠡᠮᠡᠭᠰᠡᠨ ᠳ᠋ᠦ᠍ᠷ ᠲᠠᠢᠽᠦ ᠬᠠᠭᠠᠨ ᠮᠦᠰᠢᠶᠡᠵᠦ ᠵᠠᠷᠯᠢᠭ ᠪᠣᠯᠤᠷᠤᠨ :《ᠴᠢ ᠠᠪᠠᠭ᠎ᠠ ᠪᠠᠨ ᠠᠯᠠᠭᠰᠠᠨ ᠬᠥᠪᠡᠭᠦᠨ ᠢ᠋ᠶ᠋ᠡᠨ ᠬᠡᠷᠬᠢᠨ ᠶᠠᠯᠠᠯᠠᠪᠠ ? 》ᠬᠡᠮᠡᠭᠰᠡᠨ ᠳ᠋ᠦ᠍ᠷ ᠪᠤᠯᠤᠤ ᠳᠠᠭᠤᠨ ᠦᠭᠡᠢ ᠪᠣᠯᠤᠭᠰᠠᠨ ᠳ᠋ᠤᠷ ᠲᠠᠢᠽᠦ ᠴᠢᠩᠭᠢᠰ ᠬᠠᠭᠠᠨ ᠲᠡᠭᠦᠨ ᠢ᠋ ᠵᠡᠭᠦᠨ ᠬᠢᠵᠠᠭᠠᠷ ᠤ᠋ᠨ ᠠᠯᠲᠠᠨ ᠢ᠋ ᠰᠡᠷᠭᠡᠢᠯᠡᠬᠦ ᠬᠠᠷᠠᠭᠤᠯ ᠤ᠋ᠨ ᠮᠡᠳᠡᠭᠡ ᠶ᠋ᠢ ᠲᠤᠷᠰᠢᠨ ᠢᠷᠡᠭᠲᠦᠨ ᠭᠡᠮᠡᠨ ᠢᠯᠡᠭᠡᠬᠦᠢ ᠳ᠋ᠦ᠍ᠷ ᠮᠤᠬᠤᠯᠢ ᠳᠣᠲᠣᠷ᠎ᠠ ᠪᠠᠨ ᠶᠡᠬᠡᠯ᠎ᠡ ᠪᠠᠶᠠᠷᠯᠠᠪᠠ᠃ ᠪᠤᠯᠤᠤ ᠬᠠᠰ ᠬᠠᠭᠠᠨ ᠵᠠᠮ ᠳ᠋ᠤᠷ ᠭᠤᠷᠪᠠᠨ ᠬᠣᠨᠣᠭ ᠬᠠᠩᠭᠠᠢ ᠠᠭᠤᠯᠠᠨ᠎ᠠ ᠬᠦᠷᠦᠭᠰᠡᠨ ᠳ᠋ᠦ᠍ᠷ ᠨᠠᠢ᠍ᠮᠠᠨ ᠤ᠋ ᠢᠳᠡᠷ ᠳᠣᠪᠣ ᠡᠵᠡᠨ ᠢ᠋ᠶ᠋ᠡᠨ ᠠᠯᠠᠭᠰᠠᠨ ᠥᠰᠢᠶ᠎ᠡ ᠶ᠋ᠢ ᠰᠠᠨᠠᠵᠤ ᠰᠥᠨᠢ ᠶᠠᠭᠠᠷᠠᠨ ᠬᠤᠯᠠᠭᠠᠢ ᠴᠡᠷᠢᠭ ᠪᠣᠯᠤᠨ ᠨᠡᠬᠡᠵᠦ ᠭᠦᠢᠴᠡᠭᠡᠳ ᠴᠢᠷᠠᠢ ᠪᠠᠨ ᠭᠦ ᠪᠡᠷ ᠪᠢᠯᠳᠠᠵᠤ᠂ ᠴᠢᠳᠬᠥᠷ ᠮᠡᠲᠦ ᠪᠡᠷ ᠰᠥᠨᠢ ᠮᠠᠢᠬᠠᠨ ᠳ᠋ᠤᠷ ᠠᠨᠤ ᠣᠷᠣᠵᠤ᠂ ᠥᠨᠳᠥᠷ ᠳᠠᠭᠤᠨ ᠢ᠋ᠶ᠋ᠠᠷ : 《ᠴᠢᠨᠦ ᠬᠥᠪᠡᠭᠦᠨ ᠨᠠᠮᠠᠶ᠋ᠢ ᠠᠯᠠᠭᠰᠠᠨ ᠲᠤᠯᠠ ᠪᠢ ᠴᠢᠮᠠᠶ᠋ᠢ ᠠᠯᠠᠮᠤᠢ !》ᠭᠡᠮᠡᠨ ᠨᠢᠭᠡᠨᠲᠡ ᠴᠠᠪᠴᠢᠨ ᠬᠣᠶᠠᠷ ᠠᠩᠭᠢ ᠪᠣᠯᠭᠠᠵᠤ ᠶᠠᠭᠠᠷᠠᠨ ᠳᠤᠲᠠᠭᠠᠨ ᠬᠠᠷᠢᠵᠤ ᠢᠷᠡᠪᠡ ᠃ ᠲᠡᠳᠦᠢ ᠲᠤᠷᠰᠢᠭᠤᠯ ᠤ᠋ᠨ ᠬᠥᠮᠦᠨ ᠢᠷᠡᠵᠦ ᠨᠠᠢ᠍ᠮᠠᠨ ᠤ᠋ ᠳᠠᠢᠶᠠᠩ ᠬᠠᠭᠠᠨ ᠤ᠋ ᠰᠦᠨᠡᠰᠦ ᠬᠠᠩᠭᠠᠢ ᠠᠭᠤᠯᠠᠨ ᠳ᠋ᠤᠷ ᠪᠤᠯᠤᠤ ᠬᠠᠰ ᠬᠠᠭᠠᠨ ᠢ᠋ ᠠᠯᠠᠪᠠ ᠭᠡᠮᠡᠨ ᠮᠡᠳᠡᠭᠦᠯᠦᠭᠰᠡᠨ ᠳ᠋ᠦ᠍ᠷ ᠮᠤᠬᠤᠯᠢ ᠬᠥᠮᠥᠰᠬᠡ ᠪᠡᠨ ᠡᠷᠭᠦᠨ ᠪᠠᠬᠠᠨ ᠪᠣᠳᠣᠭᠠᠳ ᠳᠠᠷᠤᠢ ᠥᠭᠦᠯᠡᠷᠦᠨ :《ᠡᠨᠡ ᠯᠠᠪ ᠠᠰᠤᠷᠤ ᠡᠵᠡᠲᠦᠭᠰᠡᠨ ᠴᠢᠳᠬᠥᠷ ᠪᠣᠯᠵᠤᠬᠤᠢ᠂ ᠡᠰᠡ ᠮᠡᠳᠡᠭᠴᠢᠳ ᠮᠠᠨ ᠢ᠋ ᠰᠡᠵᠢᠭᠯᠡᠬᠦ ᠪᠣᠯᠠᠢ᠂ ᠭᠠᠭᠴᠠ ᠭᠡᠷᠡᠴᠢᠯᠡᠬᠦ ᠬᠥᠮᠦᠨ ᠦᠭᠡᠢ ᠲᠤᠯᠠ ᠨᠡᠬᠡᠬᠦ ᠭᠠᠵᠠᠷ ᠦᠭᠡᠢ 》ᠭᠡᠮᠡᠨ ᠳᠠᠷᠤᠢ ᠮᠥᠨ ᠶᠣᠰᠣᠭᠠᠷ ᠲᠠᠢᠽᠦ ᠴᠢᠩᠭᠢᠰ ᠬᠠᠭᠠᠨ ᠳ᠋ᠤᠷ ᠠᠢᠯᠠᠳᠬᠠᠪᠠ᠃  ᠲᠠᠢᠽᠦ ᠴᠢᠩᠭᠢᠰ ᠬᠠᠭᠠᠨ ᠮᠥᠨ ᠭᠡᠮᠡᠨ ᠮᠦᠰᠢᠶᠡᠵᠦ ᠠᠯᠲᠠᠨᠱᠠᠭ᠎ᠠ ᠶ᠋ᠢ ᠶᠠᠰᠤᠨ ᠢ᠋ ᠬᠤᠷᠢᠶᠠ ᠭᠡᠮᠡᠨ ᠵᠠᠷᠯᠢᠭ ᠪᠣᠯᠪᠠ᠃ ᠲᠡᠳᠦᠢ ᠪᠤᠯᠤᠤ ᠬᠠᠭᠠᠨ ᠤ᠋ ᠠᠷᠪᠠᠨ ᠵᠢᠷᠭᠤᠳᠤᠭᠠᠷ ᠥᠬᠢᠨ ᠵᠢᠷᠭᠡᠯᠡᠨ ᠢ᠋ ᠨᠠᠷᠠᠨ ᠬᠠᠭᠠᠨ ᠤ᠋ ᠬᠥᠪᠡᠭᠦᠨ ᠳ᠋ᠦ᠍ᠷ ᠥᠭᠴᠦ ᠲᠡᠭᠦᠨ ᠦ᠌ ᠡᠴᠢᠭᠡ ᠨᠠᠷᠠᠨ ᠬᠠᠭᠠᠨ ᠴᠡᠷᠢᠭ ᠲᠦ᠍ᠷ ᠦᠬᠦᠭᠰᠡᠨ ᠲᠤᠯᠠ ᠭᠣᠷᠯᠣᠰ ᠲᠤᠷ ᠢᠨᠤ ᠡᠭᠡᠭᠦᠯᠪᠡ᠃  
       ᠲᠡᠳᠦᠢ ᠶᠡᠬᠡ ᠲᠠᠢᠽᠢ ᠵᠣ᠌ ᠴᠢᠨ ᠸᠠᠩ ᠂ ᠬᠣᠶᠠᠳᠤᠭᠠᠷ ᠲᠠᠢᠽᠢ ᠴᠠ‍ ᠴᠢᠨ ᠸᠠᠩ ᠬᠣᠶᠠᠷ᠂ ᠮᠤᠬᠤᠯᠢ᠂  ᠪᠤᠭᠤᠷᠵᠢ ᠨᠠᠷ ᠤ᠋ᠨ ᠴᠡᠷᠢᠭ ᠦ᠋ᠨ ᠭᠠᠪᠢᠶ᠎ᠠ ᠳ᠋ᠤᠷ ᠡᠷᠭᠦᠮᠵᠢᠯᠡᠨ ᠱᠠᠩᠨᠠᠬᠤᠶ᠎ᠠ᠂ ᠣᠯᠠᠨ ᠤ᠋ ᠴᠣᠯᠠ ᠡᠷᠭᠦᠮᠵᠢᠯᠡᠯ ᠢ᠋ ᠮᠤᠬᠤᠯᠢ ᠪᠤᠭᠤᠷᠵᠢ ᠯᠤᠭ᠎ᠠ ᠰᠡᠮᠡᠬᠡᠷ ᠬᠡᠯᠡᠯᠴᠡᠨ ᠲᠠᠷᠬᠠᠵᠤ᠂ ᠲᠠᠢᠽᠦ ᠴᠢᠩᠭᠢᠰ ᠬᠠᠭᠠᠨ ᠵᠢᠯ ᠦ᠋ᠨ ᠳᠣᠣᠷ᠎ᠠ ᠤᠯᠤᠰ ᠤ᠋ᠨ ᠶᠡᠬᠡ ᠶᠠᠮᠤᠨ ᠳ᠋ᠤᠷ ᠬᠤᠷᠢᠮ ᠪᠡᠯᠡᠳᠬᠡᠨ᠂ ᠬᠠᠭᠠᠨ ᠤ᠋ ᠭᠡᠭᠡᠨ ᠳᠡᠭᠡᠷ᠎ᠡ ᠯᠤᠤ ᠶ᠋ᠢᠨ ᠰᠢᠷᠡᠬᠡᠨ᠎ᠡ ᠵᠠᠯᠠᠷᠠᠨ ᠰᠠᠭᠤᠵᠤ ᠬᠥᠭᠵᠢᠮ ᠡᠭᠦᠰᠬᠡᠨ᠂ ᠨᠢᠭᠡᠨ ᠳ᠋ᠦ᠍ᠷ ᠬᠠᠭᠠᠨ ᠰᠠᠭᠤᠭᠰᠠᠨ ᠤᠯᠤᠰ ᠤ᠋ᠨ ᠤᠷᠤᠭ ᠰᠠᠳᠤᠨ ᠭᠠᠪᠢᠶᠠᠲᠤ ᠰᠠᠢᠳ ᠤ᠋ᠨ ᠴᠤᠭᠯᠠᠨ ᠢᠷᠡᠭᠰᠡᠨ ᠳ᠋ᠦ᠍ᠷ ᠲᠣᠬᠢᠶᠠᠯᠳᠤᠨ᠂ ᠬᠣᠶᠠᠷ ᠲᠤᠷ ᠴᠡᠷᠢᠭ ᠳᠡᠢᠯᠦᠭᠰᠡᠨ ᠭᠠᠪᠢᠶ᠎ᠠ ᠵᠢᠳᠬᠦᠯᠭᠡ ᠶ᠋ᠢ ᠱᠠᠩᠨᠠᠮᠤᠢ᠂ ᠭᠤᠷᠪᠠᠨ ᠳ᠋ᠤᠷ ᠵᠢᠯ ᠦ᠋ᠨ ᠰᠡᠭᠦᠯ ᠭᠡᠮᠡᠨ ᠰᠠᠢᠨ ᠡᠳᠦᠷ ᠬᠤᠷᠢᠮᠯᠠᠮᠤᠢ᠃ ᠳᠥᠷᠪᠡᠨ ᠳᠡᠭᠦᠦ ᠴᠢᠨ ᠸᠠᠩ᠂ ᠳᠥᠷᠪᠡᠨ ᠲᠠᠢᠽᠢ ᠴᠢᠨ ᠸᠠᠩ᠂ ᠬᠣᠶᠠᠷ ᠲᠠᠪᠤᠨᠠᠩ ᠹᠦ ᠮᠠ᠋᠂ ᠵᠢᠷᠭᠤᠭᠠᠨ ᠴᠢᠩ᠂ ᠲᠠᠪᠤᠨ ᠲᠠᠢᠹᠦ᠋᠂ ᠬᠣᠷᠢᠨ ᠨᠠᠢ᠍ᠮᠠᠨ ᠳᠣᠣᠷᠠᠲᠤ ᠲᠠᠢᠹᠦ᠋᠂ ᠳᠥᠷᠪᠡᠨ ᠶᠡᠬᠡ ᠪᠠᠭ᠎ᠠ ᠬᠠᠳ ᠰᠠᠢᠳ ᠲᠦᠰᠢᠮᠡᠳ ᠢ᠋ ᠬᠤᠷᠢᠮᠯᠠᠬᠤᠢ ᠳ᠋ᠤᠷ ᠵᠠᠭᠤᠨ ᠲᠦᠰᠢᠮᠡᠳ ᠵᠠᠷᠯᠢᠭ ᠢ᠋ ᠣᠯᠵᠤ ᠬᠡᠰᠢᠭ ᠲᠣᠷ ᠮᠥᠷᠭᠥᠪᠡ᠃ 
       ᠲᠡᠳᠦᠢ ᠵᠢᠴᠢ ᠡᠳᠦᠷ ᠴᠢᠩᠭᠢᠰ ᠬᠠᠭᠠᠨ ᠮᠤᠬᠤᠯᠢ᠂ ᠪᠤᠭᠤᠷᠵᠢ ᠬᠣᠶᠠᠷ ᠶᠤᠸᠠᠨᠱᠤᠸᠠᠢ᠂ ᠵᠣᠴᠢ᠂ ᠴᠠᠭᠠᠲᠠᠢ ᠬᠣᠶᠠᠷ ᠲᠠᠢᠽᠢ ᠨᠠᠷ ᠤ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠡᠷᠭᠦᠬᠦ ᠬᠣᠭᠣᠷᠣᠨᠳᠣ᠂ ᠵᠠᠩᠵᠤᠨ ᠨᠠᠷ ᠢ᠋ ᠳᠡᠰ ᠳᠠᠷᠠᠭᠠᠯᠠᠨ ᠰᠠᠢᠰᠢᠶᠠᠨ ᠬᠥᠬᠢᠭᠦᠯᠵᠦ᠂ ᠵᠢᠴᠢ ᠮᠤᠬᠤᠯᠢ ᠪᠤᠭᠤᠷᠵᠢ ᠯᠤᠭ᠎ᠠ ᠵᠥᠪᠯᠡᠨ ᠥᠭᠦᠯᠡᠷᠦᠨ : 《ᠤᠯᠤᠰ ᠤ᠋ᠨ ᠬᠣᠲᠠᠯᠠᠭᠠᠷ ᠨᠠᠮᠠᠢ ᠡᠷᠳᠡᠮ ᠦᠭᠡᠢ ᠠᠲᠠᠯ᠎ᠠ ᠬᠡᠲᠦᠷᠬᠡᠶ᠎ᠡ ᠡᠷᠭᠦᠵᠦ ᠬᠠᠭᠠᠨ ᠰᠠᠭᠤᠷᠢᠨ ᠳ᠋ᠤᠷ ᠰᠠᠭᠤᠯᠭᠠᠪᠠ᠃ ᠡᠳᠦᠭᠡ ᠳᠣᠣᠷᠠᠲᠤ ᠲᠦᠰᠢᠮᠡᠳ ᠦ᠋ᠨ ᠰᠠᠢᠨ ᠢ᠋ ᠬᠢᠨᠠᠨ ᠢᠯᠭᠠᠵᠤ ᠵᠡᠷᠭᠡ ᠴᠣᠯᠠ ᠡᠷᠭᠦᠪᠡᠰᠦ ᠵᠣᠬᠢᠮᠤᠢ᠃ ᠭᠠᠭᠴᠠ ᠣᠳᠣ ᠬᠡᠨ ᠡᠴᠡ ᠡᠬᠢᠯᠡᠮᠦᠢ ?  ᠦᠬᠦᠵᠦ ᠲᠥᠷᠥᠪᠡᠴᠦ ᠬᠠᠭᠠᠴᠠᠯ ᠦᠭᠡᠢ ᠶᠠᠪᠤᠭᠰᠠᠨ ᠠᠨᠤ ᠲᠠ ᠬᠣᠶᠠᠭᠤᠯᠠ ᠠ᠋ᠴᠠ ᠬᠡᠲᠦᠷᠡᠬᠦ ᠦᠭᠡᠢ  ᠴᠣᠬᠣᠮ ᠳ᠋ᠤᠷ ᠲᠠ ᠬᠣᠶᠠᠭᠤᠯᠠ ᠠ᠋ᠴᠠ ᠡᠬᠢᠯᠡᠪᠡᠰᠦ ᠣᠯᠠᠨ ᠦᠬᠦᠨ ᠵᠢᠳᠬᠦᠭᠴᠢᠳ ᠢ᠋ ᠬᠥᠬᠢᠭᠦᠯᠬᠦᠢ ᠳ᠋ᠦ᠍ᠷ ᠰᠠᠢᠨ ᠮᠡᠲᠦ 》ᠬᠡᠮᠡᠭᠰᠡᠨ ᠳ᠋ᠦ᠍ᠷ ᠮᠤᠬᠤᠯᠢ  ᠪᠤᠭᠤᠷᠵᠢ ᠬᠠᠮᠲᠤ ᠪᠠᠷ ᠠᠢᠯᠠᠳᠬᠠᠷᠤᠨ : ᠡᠷᠲᠡᠨ ᠦ᠌ ᠦᠭᠡ ᠳ᠋ᠦ᠍ᠷ < ᠲᠥᠷᠥᠯ ᠢ᠋ ᠲᠦᠮᠡᠨ ᠦ᠌ ᠬᠣᠢᠨ᠎ᠠ ᠪᠦᠦ ᠬᠣᠴᠣᠷᠤᠭᠤᠯ᠂ ᠤᠷᠤᠭ ᠢ᠋ ᠣᠯᠠᠨ ᠤ᠋ ᠬᠣᠢᠨ᠎ᠠ ᠪᠦᠦ  ᠪᠣᠯᠭ᠎ᠠ᠂ ᠰᠠᠢᠳ ᠢ᠋ ᠰᠠᠨᠠᠭᠠᠨ ᠤ᠋ ᠲᠤᠢᠯ ᠳ᠋ᠤ᠌ ᠪᠢᠲᠡᠭᠡᠢ ᠬᠥᠷᠥᠭᠦᠯ᠂ ᠲᠦᠰᠢᠮᠡᠳ ᠢ᠋ ᠲᠤᠢᠯ ᠤ᠋ᠨ ᠰᠠᠭᠤᠳᠠᠯ ᠳ᠋ᠤ᠌ ᠪᠢᠲᠡᠭᠡᠢ ᠬᠦᠷᠭᠡ > ᠬᠡᠮᠡᠵᠦᠬᠦᠢ᠃ ᠲᠥᠷᠥᠯ ᠲᠥᠷᠥᠭᠰᠡᠨ ᠢ᠋ ᠲᠦᠮᠡᠨ ᠦ᠌ ᠡᠮᠦᠨ᠎ᠡ ᠡᠷᠭᠦᠵᠦ᠂ ᠤᠷᠤᠭ ᠰᠠᠳᠤᠨ ᠢ᠋ ᠣᠯᠠᠨ ᠤ᠋ ᠡᠮᠦᠨ᠎ᠡ ᠢᠯᠡᠭᠡᠪᠡᠰᠦ ᠲᠥᠷᠥᠯ ᠲᠥᠷᠥᠭᠰᠡᠨ ᠤᠷᠤᠭ ᠰᠠᠳᠤᠨ ᠳ᠋ᠤᠷ ᠬᠣᠷᠣᠰᠤᠯ ᠵᠠᠨᠤᠯ ᠦᠭᠡᠢ ᠪᠣᠯᠤᠮᠤᠢ᠂ ᠰᠠᠢᠳ ᠲᠦᠰᠢᠮᠡᠳ ᠪᠠᠰᠠ ᠴᠤ᠌ ᠠᠲᠠᠭᠠᠷᠬᠠᠨ ᠦᠯᠦ ᠴᠢᠳᠠᠮᠤᠢ᠃ ᠵᠢᠴᠢ ᠰᠠᠢᠳ ᠲᠦᠰᠢᠮᠡᠳ ᠢ᠋ ᠰᠠᠨᠠᠭᠠᠨ ᠤ᠋ ᠲᠤᠢᠯ ᠳ᠋ᠤᠷ ᠬᠦᠷᠦᠭᠦᠯᠵᠦ᠂ ᠵᠠᠩᠵᠤᠨ ᠪᠠᠭᠠᠲᠤᠳ ᠢ᠋ ᠲᠤᠢᠯ ᠤ᠋ᠨ ᠰᠠᠭᠤᠳᠠᠯ ᠳ᠋ᠤᠷ ᠭᠥᠷᠦᠭᠦᠯᠪᠡᠰᠦ ᠰᠠᠢᠳ ᠲᠦᠰᠢᠮᠡᠳ ᠵᠠᠩᠵᠤᠨ ᠪᠠᠭᠠᠲᠤᠳ ᠰᠠᠨᠠᠭᠠᠨ ᠬᠠᠨᠤᠭᠠᠳ ᠤᠷᠤᠭ᠍ᠰᠢ ᠴᠢᠷᠮᠠᠢᠨ ᠵᠢᠳᠬᠦᠬᠦ ᠬᠦᠴᠦᠨ ᠦᠭᠡᠢ ᠪᠣᠯᠤᠮᠤᠢ᠃ ᠲᠡᠢᠨ ᠬᠦ᠌ ᠪᠣᠭᠳᠠ ᠡᠵᠡᠨ ᠮᠢᠨᠦ ᠲᠥᠷᠥᠯ ᠲᠥᠷᠥᠭᠰᠡᠨ ᠤᠷᠤᠭ ᠰᠠᠳᠤᠨ ᠠ᠋ᠴᠠ ᠡᠬᠢᠯᠡᠨ ᠡᠷᠭᠦᠵᠦ ᠢᠯᠭᠠᠨ ᠴᠣᠯᠠ ᠥᠭᠴᠦ ᠦᠨᠳᠦᠰᠦᠨ ᠢ᠋ ᠲᠥᠪ ᠪᠣᠯᠭᠠᠨ᠂ ᠣᠯᠠᠨ ᠤ᠋ ᠰᠣᠨᠣᠰᠬᠤᠢ ᠳ᠋ᠤᠷ ᠡᠪᠲᠡᠢ ᠪᠣᠯᠭᠠᠵᠤ᠂ ᠳᠠᠭᠠᠯᠳᠤᠭ᠎ᠠ ᠰᠠᠢᠳ ᠲᠦᠰᠢᠮᠡᠳ ᠢ᠋ ᠡᠷᠭᠦᠪᠡᠰᠦ ᠰᠠᠢᠳ ᠲᠦᠰᠢᠮᠡᠳ ᠮᠥᠨ ᠵᠢᠳᠬᠦᠯ ᠢ᠋ ᠬᠢᠴᠢᠶᠡᠮᠦᠢ᠃ ᠡᠨᠡ ᠢᠨᠦ ᠪᠣᠭᠣᠯᠴᠤᠳ ᠮᠠᠨ ᠤ᠋ ᠲᠤᠢᠯ ᠤ᠋ᠨ ᠦᠨᠡᠨ ᠰᠡᠳᠬᠢᠯ᠂ ᠡᠳᠦᠭᠡ ᠦᠵᠡᠬᠦᠯ᠎ᠡ ᠬᠠᠭᠠᠨ ᠤ᠋ ᠣᠢᠷ᠎ᠠ ᠤᠭᠰᠠᠭ᠎ᠠ ᠶ᠋ᠢᠨ ᠲᠥᠷᠥᠯ ᠮᠠᠰᠢ ᠴᠥᠭᠡᠨ ᠭᠠᠭᠴᠠ ᠲᠣᠭᠲᠣᠩᠭᠣ᠌ ᠪᠠᠭᠠᠲᠤᠷ ᠪᠠ ᠲᠡᠭᠦᠨ ᠦ᠌ ᠬᠥᠪᠡᠭᠦᠨ ᠠᠨᠳᠠᠨ᠂ ᠵᠢᠴᠢ ᠰᠠᠢᠨ ᠪᠥᠬᠡ ᠬᠠᠭᠠᠨ ᠤ᠋ ᠬᠥᠪᠡᠭᠦᠨ ᠵᠠᠮᠪᠠᠯ᠂ ᠡᠭᠦᠨ ᠡᠴᠡ ᠥᠪᠡᠷ᠎ᠡ ᠦᠭᠡᠢ᠃ ᠪᠠᠰᠠ ᠤᠷᠤᠭ ᠢ᠋ ᠦᠵᠡᠪᠡᠰᠦ ᠦᠨᠳᠦᠰᠦᠨ ᠨᠠᠭᠠᠴᠤ ᠦᠯᠡᠭᠦᠦ ᠢᠷᠦᠭᠡᠯᠲᠦ ᠬᠤᠸᠠᠩᠬᠡᠦ ᠶ᠋ᠢᠨ ᠬᠣᠶᠠᠷ ᠳᠡᠭᠦᠦ ᠤᠯᠬᠤᠨᠤᠳ ᠤ᠋ᠨ ᠥᠷᠯᠥᠭ ᠨᠣᠶᠠᠨ᠂ ᠯᠢᠳᠠᠷ ᠰᠡᠴᠡᠨ ᠬᠣᠶᠠᠭᠤᠯᠠ ᠪᠠ ᠤᠯᠤᠰ ᠤ᠋ᠨ ᠨᠠᠭᠠᠴᠤ ᠭᠡᠷᠡᠯᠲᠦ ᠶᠡᠬᠡᠮᠰᠦᠭ ᠬᠤᠸᠠᠩᠬᠡᠦ ᠶ᠋ᠢᠨ ᠡᠴᠢᠭᠡ ᠲᠡᠢ ᠰᠡᠴᠡᠨ᠂ ᠵᠡᠭᠦᠨ ᠪᠠᠷᠠᠭᠤᠨ ᠣᠷᠳᠣᠨ ᠤ᠋ ᠲᠥᠷᠥ ᠶ᠋ᠢᠨ ᠬᠦᠢ ᠹᠧᠢ – ᠡᠷᠬᠢᠮ ᠬᠠᠲᠤᠨ ᠤ᠋ ᠡᠴᠢᠭᠡ ᠶᠡᠬᠡ ᠵᠣᠷᠣ᠂ ᠪᠡᠶ᠎ᠡ ᠤᠷᠠᠨ᠂ ᠵᠡᠭᠦᠨ ᠡᠲᠡᠭᠡᠳ ᠦ᠋ᠨ ᠡᠷᠬᠢᠮ ᠲᠥᠷᠥ ᠶ᠋ᠢᠨ ᠡᠴᠢᠭᠡ ᠰᠣᠯᠤᠩᠭᠤᠳ ᠤ᠋ᠨ ᠴᠠᠭᠠᠨ ᠬᠠᠭᠠᠨ᠂ ᠵᠢᠴᠢ ᠮᠠᠨ ᠤ᠋ ᠤᠯᠤᠰ ᠤ᠋ᠨ ᠲᠡᠷᠢᠭᠦᠯᠡᠭᠴᠢ ᠲᠦᠰᠢᠮᠡᠯ ᠲᠣᠷᠭᠠᠨ ᠰᠢᠷ᠎ᠠ ᠡᠨᠡ ᠲᠠᠪᠤᠨ ᠬᠥᠮᠦᠨ ᠢ᠋ ᠲᠡᠷᠢᠭᠦᠯᠡᠨ ᠬᠥᠬᠢᠭᠦᠯᠪᠡᠰᠦ᠂ ᠲᠥᠷᠥᠯ ᠲᠥᠷᠥᠭᠰᠡᠨ ᠤᠷᠤᠭ ᠰᠠᠳᠤᠨ ᠰᠠᠢᠳ ᠲᠦᠰᠢᠮᠡᠳ ᠤᠯᠤᠰ ᠠᠯᠪᠠᠲᠤ ᠳ᠋ᠤᠷ ᠲᠤᠯᠲᠠᠯ᠎ᠠ ᠶᠣᠰᠣ ᠬᠡᠪ ᠲᠥᠪ ᠴᠢᠬᠡ ᠪᠣᠯᠣᠮᠠᠭᠴᠠ ᠪᠤᠰᠤᠳ ᠤ᠋ᠨ ᠦᠭᠡ ᠰᠢᠭᠦᠮᠵᠢ ᠴᠥᠭᠡᠨ ᠪᠣᠯᠤᠮᠤᠢ᠃ 》ᠬᠡᠮᠡᠭᠰᠡᠨ ᠳ᠋ᠦ᠍ᠷ ᠲᠠᠢᠽᠦ ᠴᠢᠩᠭᠢᠰ ᠬᠠᠭᠠᠨ ᠪᠡᠶᠡᠰᠦᠨ ᠵᠥᠪᠰᠢᠶᠡᠵᠦ ᠰᠠᠢᠰᠢᠶᠠᠭᠠᠳ ᠵᠢᠯ ᠦ᠋ᠨ ᠰᠡᠭᠦᠯ ᠭᠤᠷᠪᠠᠨ ᠡᠳᠦᠷ ᠶᠡᠬᠡ ᠬᠤᠷᠢᠮ ᠬᠤᠷᠢᠮᠯᠠᠵᠤ᠂ ᠣᠯᠠᠨ ᠲᠥᠷᠥᠯ ᠲᠥᠷᠥᠭᠰᠡᠨ ᠤᠷᠤᠭ ᠰᠠᠳᠤᠨ ᠰᠠᠢᠳ ᠲᠦᠰᠢᠮᠡᠳ ᠦ᠋ᠨ ᠴᠣᠯᠠ ᠶ᠋ᠢ ᠡᠷᠭᠦᠮᠦᠢ᠂ ᠶᠢᠰᠦᠨ ᠡᠩ ᠦ᠋ᠨ ᠲᠦᠰᠢᠮᠡᠳ ᠢ᠋ ᠰᠡᠭᠦᠯ ᠦ᠋ᠨ ᠡᠳᠦᠷ ᠡᠷᠭᠦᠮᠵᠢᠯᠡᠬᠦ ᠲᠤᠯᠠ ᠶᠢᠰᠦᠨ ᠡᠩ ᠥᠪᠡᠷ ᠥᠪᠡᠷ ᠦ᠋ᠨ ᠤᠯᠤᠰ ᠢ᠋ ᠵᠠᠰᠠᠬᠤ ᠬᠡᠳᠦᠨ ᠦᠭᠡᠰ ᠢ᠋ ᠠᠢᠯᠠᠳᠬ᠎ᠠ ᠭᠡᠮᠡᠨ ᠵᠠᠷᠯᠠᠭᠠᠳ ᠲᠡᠷᠢᠭᠦᠨ ᠡᠳᠦᠷ ᠲᠦ᠍ᠷ ᠨᠢᠭᠡᠨ ᠤᠭᠰᠠᠭ᠎ᠠ ᠶ᠋ᠢᠨ ᠲᠥᠷᠥᠯ ᠲᠥᠷᠥᠭᠰᠡᠨ ᠢ᠋ ᠡᠷᠭᠦᠬᠦ ᠬᠤᠷᠢᠮ ᠳ᠋ᠤᠷ ᠲᠣᠭᠲᠣᠩᠭᠣᠣ ᠪᠠᠭᠠᠲᠤᠷ᠂ ᠵᠠᠮᠪᠠᠯ᠂ ᠲᠣᠭᠲᠣᠩᠭᠣ᠌ ᠶ᠋ᠢᠨ ᠬᠥᠪᠡᠭᠦᠨ ᠠᠨᠳᠠᠨ᠂ ᠵᠠᠮᠪᠠᠯ ᠤ᠋ᠨ ᠬᠥᠪᠡᠭᠦᠨ ᠠᠬᠠᠢ᠂ ᠶᠠᠰᠢ ᠨᠠᠷ ᠢ᠋ ᠬᠤᠷᠢᠮ ᠤ᠋ᠨ ᠲᠡᠷᠢᠭᠦᠨ ᠳ᠋ᠦ᠍ᠷ ᠭᠠᠷᠭ᠎ᠠ ᠭᠡᠮᠡᠨ ᠵᠠᠷᠯᠢᠭ ᠪᠠᠭᠤᠯᠭᠠᠪᠠ᠃  
       ᠲᠡᠳᠦᠢ ᠲᠠᠢᠽᠦ ᠴᠢᠩᠭᠢᠰ ᠬᠠᠭᠠᠨ ᠤᠭᠰᠠᠭ᠎ᠠ ᠶ᠋ᠢᠨ ᠲᠠᠪᠤᠨ ᠬᠥᠮᠦᠨ ᠦ᠌ ᠵᠦᠭ ᠵᠠᠷᠯᠢᠭ ᠪᠣᠯᠤᠷᠤᠨ :《ᠱᠠᠭ᠌ᠵᠠᠯᠢᠭ᠋ ᠠ᠋ᠴᠠ ᠰᠠᠯᠵᠤ ᠡᠨᠡᠳᠬᠡᠭ ᠡᠴᠡ ᠢᠷᠡᠭᠰᠡᠨ ᠤᠭᠰᠠᠭ᠎ᠠ᠂ ᠪᠤᠷᠬᠠᠨ ᠯᠤᠭ᠎ᠠ ᠲᠥᠷᠥᠯ ᠪᠤᠳᠤᠨᠴᠢᠷ᠂ ᠲᠡᠭᠷᠢ ᠶ᠋ᠢᠨ ᠦᠷᠡᠰ ᠪᠣᠷᠵᠢᠭᠢᠳ ᠱᠠᠯᠵᠢᠭᠤᠳ ᠠ᠋ᠴᠠ ᠰᠠᠯᠵᠤ ᠰᠠᠢᠨ ᠯᠤᠭ᠎ᠠ ᠨᠥᠬᠥᠷᠯᠡᠭᠰᠡᠨ ᠦᠷᠡᠰ᠂ ᠪᠣᠳᠢᠰᠤᠩ ᠯᠤᠭ᠎ᠠ ᠰᠠᠴᠠᠭᠤ  ᠪᠣᠳᠣᠯᠭᠠᠲᠠᠢ ᠮᠡᠷᠭᠡᠨ ᠦ᠌ ᠴᠢᠨᠠᠷᠲᠤ ᠲᠥᠷᠥᠯ ᠮᠢᠨᠦ᠂ ᠬᠠᠪᠤᠯ ᠬᠠᠭᠠᠨ ᠠ᠋ᠴᠠ ᠳᠥᠷᠪᠡᠨ ᠦᠶ᠎ᠡ ᠪᠣᠯᠲᠠᠯ᠎ᠠ ᠬᠠᠭᠠᠴᠠᠯ ᠦᠭᠡᠢ ᠪᠧᠲ᠋ᠠ᠋ ᠤᠯᠤᠰ ᠢ᠋ ᠲᠡᠳᠬᠦᠨ ᠶᠠᠪᠤᠭᠰᠠᠨ ᠲᠥᠷᠥᠯ ᠮᠢᠨᠦ᠂ ᠬᠠᠭᠠᠨ ᠲᠥᠷᠥ ᠳ᠋ᠦ᠍ᠷ ᠮᠢᠨᠦ ᠬᠠᠰᠢᠯᠭ᠎ᠠ ᠪᠣᠯᠵᠤ ᠶᠠᠪᠤᠭᠰᠠᠨ ᠬᠠᠯᠠᠭᠤᠨ ᠡᠯᠢᠭᠡᠲᠦ ᠬᠠᠳ ᠤ᠋ᠨ ᠲᠥᠷᠥᠯ ᠲᠥᠷᠥᠭᠰᠡᠳ᠃ 》ᠲᠣᠭᠲᠣᠩᠭᠣ᠌᠂ ᠵᠠᠮᠪᠠᠯ ᠬᠣᠶᠠᠭᠤᠯᠠ ᠶ᠋ᠢ ᠤᠭᠰᠠᠭ᠎ᠠ ᠶ᠋ᠢᠨ ᠲᠠᠢᠪᠤᠤ ᠭᠡᠮᠡᠨ ᠡᠷᠭᠦᠵᠦ᠂ ᠬᠡᠦᠬᠡᠳ ᠢ᠋ ᠢᠨᠤ ᠳᠡᠭᠡᠳᠦ ᠲᠠᠢᠹᠦ᠋ ᠲᠦᠰᠢᠮᠡᠯ ᠡᠷᠭᠦᠮᠵᠢᠯᠡᠭᠡᠳ ᠥᠪᠡᠷ ᠦ᠋ᠨ ᠮᠣᠳᠣᠷ ᠢ᠋ᠶ᠋ᠠᠷ ᠠᠯᠲᠠᠨ ᠬᠤᠨᠳᠠᠭᠠᠲᠤ ᠠᠷᠢᠬᠢ ᠱᠠᠩᠨᠠᠨ ᠡᠷᠭᠦᠮᠵᠢᠯᠡᠨ ᠶᠡᠬᠡ ᠬᠤᠷᠢᠮ ᠳ᠋ᠤᠷ ᠰᠠᠭᠤᠯᠭᠠᠲᠤᠭᠠᠢ ᠭᠡᠮᠡᠨ ᠵᠠᠷᠯᠢᠭ ᠪᠠᠭᠤᠯᠭᠠᠭᠰᠠᠨ ᠳ᠋ᠤᠷ ᠣᠯᠠᠨ ᠢ᠋ᠶ᠋ᠠᠷ ᠬᠡᠰᠢᠭ ᠲᠣᠷ ᠮᠥᠷᠭᠥᠵᠦ ᠲᠥᠷᠥᠯ ᠡᠯᠢᠭᠡ ᠶ᠋ᠢ ᠡᠷᠭᠦᠨ ᠬᠤᠷᠢᠮᠯᠠᠪᠠ᠃ ᠬᠣᠶᠠᠳᠤᠭᠠᠷ ᠡᠳᠦᠷ ᠤᠯᠬᠤᠨᠤᠳ ᠤ᠋ᠨ ᠥᠷᠯᠥᠭ ᠨᠣᠶᠠᠨ᠂ ᠯᠢᠳᠡᠷ ᠰᠡᠴᠡᠨ᠂ ᠵᠢᠴᠢ ᠬᠣᠩᠭᠢᠷᠠᠳ ᠤ᠋ᠨ ᠲᠠᠢ ᠰᠡᠴᠡᠨ᠂ ᠰᠦᠯᠳᠡᠨ ᠦ᠌ ᠲᠣᠷᠭᠠᠨ ᠰᠢᠷ᠎ᠠ᠂ ᠴᠠᠭᠠᠨ ᠬᠠᠭᠠᠨ ᠲᠠᠪᠤᠭᠤᠯᠠ ᠶ᠋ᠢ ᠲᠠᠪᠤᠨ ᠲᠠᠢᠰᠢ᠂ ᠲᠡᠷᠢᠭᠦᠯᠡᠭᠰᠡᠨ ᠲᠦᠰᠢᠮᠡᠯ ᠦ᠋ᠨ ᠴᠣᠯᠠ ᠬᠠᠢᠷᠠᠯᠠᠵᠤ ᠵᠠᠷᠯᠢᠭ ᠪᠠᠭᠤᠯᠭᠠᠷᠤᠨ :《ᠯᠢᠶ᠋ᠸ ‍ᠽᠦ ᠪᠠᠭᠠᠲᠤᠷ ᠬᠠᠭᠠᠨ ᠡᠪᠦᠭᠡ ᠳ᠋ᠦ᠍ᠷ ᠪᠠᠬᠠᠷᠬᠠᠵᠤ ᠳᠠᠭᠠᠭᠰᠠᠨ ᠤᠯᠬᠤᠨᠤᠳ ᠪᠧᠲ᠋ᠠ᠋ ᠤᠯᠤᠰ ᠤ᠋ᠨ ᠦᠨᠳᠦᠰᠦᠨ ᠦ᠌ ᠨᠠᠭᠠᠴᠤ ᠪᠣᠯᠤᠭᠰᠠᠨ ᠪᠤᠶᠤ᠂ ᠪᠠᠭ᠎ᠠ ᠨᠠᠰᠤᠨ ᠳ᠋ᠤᠷ ᠳᠠᠭᠠᠵᠤ ᠭᠠᠷᠤᠭᠰᠠᠨ ᠬᠣᠩᠭᠢᠷᠠᠳ᠂ ᠪᠢᠳᠡᠨ ᠦ᠌ ᠤᠯᠤᠰ ᠲᠤᠷ ᠪᠠᠰᠠ ᠴᠤ᠌ ᠨᠠᠭᠠᠴᠤ ᠪᠣᠯᠵᠤᠬᠤᠢ᠃ ᠤᠩᠭᠠᠰᠤᠨ ᠲᠡᠷᠭᠡᠨ᠎ᠡ ᠨᠠᠮᠠᠶ᠋ᠢ ᠨᠢᠭᠤᠵᠤ ᠭᠠᠷᠭᠠᠭᠠᠳ ᠣᠷᠴᠢᠯᠠᠩ ᠤ᠋ᠨ ᠬᠠᠭᠠᠨ ᠪᠣᠯᠭᠠᠭᠰᠠᠨ ᠲᠡᠷᠢᠭᠦᠨ ᠲᠦᠰᠢᠮᠡᠯ ᠪᠤᠶᠤ᠂ ᠤᠰᠤᠨ ᠠᠯᠤᠰ ᠠ᠋ᠴᠠ ᠨᠠᠮᠠᠶ᠋ᠢ ᠦᠵᠡᠵᠦ ᠲᠠᠨᠢᠭᠠᠳ ᠤᠯᠤᠰ ᠢ᠋ᠶ᠋ᠠᠨ ᠠᠪᠴᠤ ᠳᠠᠭᠠᠭᠰᠠᠨ ᠴᠠᠭᠠᠨ ᠬᠠᠭᠠᠨ ᠮᠢᠨᠦ ! 》 ᠭᠡᠮᠡᠨ ᠪᠤᠭᠤᠷᠵᠢ ᠶ᠋ᠢᠨ ᠡᠴᠢᠭᠡ ᠯᠠᠬᠤ ᠪᠠᠶᠠᠨ᠂ ᠵᠡᠯᠮ᠎ᠡ ᠶ᠋ᠢᠨ ᠡᠴᠢᠭᠡ ᠵᠠᠷᠴᠢᠭᠤᠲᠠᠢ᠂ ᠳᠡᠭᠦᠦ ᠬᠦᠷᠭᠡᠨ ᠹᠦ ᠮᠠ᠋ ᠲᠠᠪᠤᠨᠠᠩ ᠪᠤᠲ᠋ᠤ ᠶ᠋ᠢᠨ ᠡᠴᠢᠭᠡ ᠤᠷᠢᠶᠠᠴᠠᠭᠠᠢ᠂ ᠡᠭᠦᠨ ᠦ᠌ ᠦᠶᠡᠯᠢᠳ ᠳᠡᠭᠦᠦ ᠶᠠᠪᠤᠴᠢᠲᠠᠢ᠂ ᠳᠠᠩᠳᠦ ᠶ᠋ᠢᠨ ᠰᠠᠢᠬᠠᠨ ᠰᠤᠷᠲᠠᠯᠲᠤ᠂ ᠵᠢᠴᠢ ᠴᠣᠴᠣᠯᠠᠢ ᠡᠨᠡ ᠲᠠᠪᠤᠭᠤᠯᠠ ᠴᠥᠮ ᠨᠠᠶᠠᠨ ᠨᠠᠰᠤ ᠭᠠᠷᠤᠭᠰᠠᠨ ᠲᠤᠯᠠ ᠡᠨᠡ ᠲᠠᠪᠤᠭᠤᠯᠠ ᠶ᠋ᠢ ᠤᠯᠤᠰ ᠤ᠋ᠨ ᠲᠠᠪᠤᠨ ᠥᠲᠡᠭᠦᠰ ᠪᠡᠢᠯᠡ ᠭᠡᠮᠡᠨ ᠡᠷᠭᠦᠪᠡ᠃ 《ᠡᠨᠡ ᠲᠠᠪᠤᠨ ᠲᠠᠢᠰᠢ ᠶ᠋ᠢ ᠲᠠᠪᠤᠨ ᠮᠥᠷ ᠬᠤᠷᠢᠮ ᠤ᠋ᠨ ᠲᠡᠷᠢᠭᠦᠨ᠎ᠡ ᠰᠠᠭᠤᠯᠭᠠᠵᠤ ᠬᠤᠷᠢᠮᠯᠠ ! 》 ᠬᠡᠮᠡᠭᠰᠡᠨ ᠳ᠋ᠦ᠍ᠷ ᠵᠠᠭᠤᠨ ᠲᠦᠰᠢᠮᠡᠳ ᠬᠡᠰᠢᠭ ᠲᠣᠷ ᠮᠥᠷᠭᠥᠵᠦ᠂ ᠬᠣᠶᠠᠳᠤᠭᠠᠷ ᠡᠳᠦᠷ ᠦ᠋ᠨ ᠶᠡᠬᠡ ᠬᠤᠷᠢᠮ ᠢ᠋ ᠬᠤᠷᠢᠮᠯᠠᠪᠠ᠃ ᠲᠡᠳᠦᠢ ᠭᠤᠷᠪᠠᠳᠤᠭᠠᠷ ᠡᠳᠦᠷ ᠦ᠋ᠨ ᠶᠢᠰᠦᠨ ᠡᠩ ᠦ᠋ᠨ ᠶᠢᠰᠦᠨ ᠥᠷᠯᠥᠭ ᠦ᠋ᠨ ᠲᠦᠰᠢᠮᠡᠳ ᠢ᠋ ᠬᠤᠷᠢᠮᠯᠠᠬᠤᠢ ᠳ᠋ᠤᠷ ᠶᠢᠰᠦᠨ ᠥᠷᠯᠥᠭ ᠦ᠋ᠨ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠶ᠋ᠢᠨ ᠶᠢᠰᠦᠨ ᠡᠩ ᠢ᠋ ᠳᠠᠭᠠᠭᠤᠯᠤᠭᠰᠠᠨ ᠠᠨᠤ : ᠮᠤᠬᠤᠯᠢ᠂ ᠪᠤᠭᠤᠷᠵᠢ᠂ ᠪᠤᠭᠤᠷᠤᠯ᠂ ᠴᠢᠯᠠᠭᠤ᠂ ᠵᠠᠯᠮ᠎ᠠ᠂ ᠵᠡᠪᠡ᠂ ᠰᠢᠷᠢ ᠬᠤᠲᠤᠭ᠂ ᠬᠠᠷ᠎ᠠ ᠬᠢᠷᠤ᠂ ᠴᠤᠤ ᠮᠡᠷᠭᠡᠨ ᠡᠨᠡ ᠶᠢᠰᠦᠨ ᠡᠩ ᠰᠠᠢᠳ ᠢ᠋ ᠳᠠᠭᠠᠭᠤᠯᠤᠨ ᠭᠠᠷᠴᠤ ᠰᠥᠭᠥᠳᠦᠭᠰᠡᠨ ᠳ᠋ᠦ᠍ᠷ ᠲᠠᠢᠽᠦ ᠴᠢᠩᠭᠢᠰ ᠬᠠᠭᠠᠨ ᠮᠤᠬᠤᠯᠢ᠂ ᠪᠤᠭᠤᠷᠵᠢ ᠬᠣᠶᠠᠭᠤᠯᠠ ᠶ᠋ᠢ ᠵᠡᠭᠦᠨ ᠪᠠᠷᠠᠭᠤᠨ ᠬᠣᠶᠠᠷ ᠮᠥᠷᠥ ᠶ᠋ᠢᠨ ᠶᠡᠬᠡ ᠶᠤᠸᠠᠨᠱᠤᠸᠠᠢ ᠪᠥᠭᠡᠳ ᠲᠠᠢᠪᠤᠤ ᠴᠣᠯᠠ ᠬᠠᠢᠷᠠᠯᠠᠨ᠂ ᠳᠡᠭᠡᠳᠦ ᠲᠠᠢᠹᠦ᠋ ᠨᠠᠷ ᠤ᠋ᠨ ᠲᠡᠷᠢᠭᠦᠯᠡᠭᠰᠡᠨ ᠲᠦᠰᠢᠮᠡᠳ ᠦ᠋ᠨ ᠮᠥᠷᠦᠨ ᠳ᠋ᠦ᠍ᠷ ᠭᠠᠷᠬᠤ ᠪᠥᠭᠡᠳ ᠳᠡᠯᠡᠬᠡᠢ ᠳ᠋ᠠᠬᠢᠨ ᠤ᠋ ᠴᠡᠷᠢᠭ ᠢ᠋ ᠵᠠᠬᠢᠷᠴᠤ ᠮᠣᠷᠢᠨ ᠠ᠋ᠴᠠ ᠪᠠᠭᠤᠪᠠᠰᠤ ᠳᠡᠯᠡᠬᠡᠢ ᠳ᠋ᠠᠬᠢᠨ ᠤ᠋ ᠤᠯᠤᠰ ᠢ᠋ ᠵᠠᠰᠠᠬᠤ ᠶᠡᠬᠡ ᠲᠤᠰᠢᠶᠠᠯ ᠳ᠋ᠤᠷ ᠪᠣᠯᠭᠠᠵᠤ᠂ ᠦᠯᠡᠭᠰᠡᠨ ᠵᠢᠷᠭᠤᠭᠠᠨ ᠡᠩ ᠦ᠋ᠨ ᠰᠠᠢᠰᠢᠶᠠᠯ ᠤ᠋ᠨ ᠡᠷᠬᠢᠯᠡᠭᠰᠡᠨ ᠰᠠᠢᠳ ᠢ᠋ ᠴᠤᠤ ᠮᠡᠷᠭᠡᠨ ᠯᠤᠭ᠎ᠠ ᠴᠥᠮ ᠳᠡᠭᠡᠳᠦ ᠲᠠᠢᠹᠦ᠋ ᠲᠦᠰᠢᠮᠡᠯ ᠪᠥᠭᠡᠳ ᠲᠠᠢᠹᠦ᠋ ᠴᠣᠯᠠ ᠰᠣᠶᠣᠷᠬᠠᠪᠠ᠃ ᠲᠣᠷᠭᠠᠨ ᠰᠢᠷ᠎ᠠ ᠲᠡᠷᠢᠭᠦᠯᠡᠨ ᠶᠢᠰᠦᠨ ᠡᠩ ᠦ᠋ᠨ ᠲᠡᠷᠢᠭᠦᠯᠡᠭᠰᠡᠨ ᠥᠷᠯᠥᠭ ᠨᠣᠶᠠᠨᠲᠠᠨ ᠬᠠᠮᠲᠤ ᠪᠠᠷ ᠰᠣᠨᠣᠰᠴᠤ ᠬᠡᠰᠢᠭ ᠲᠣᠷ ᠮᠥᠷᠭᠥᠭᠰᠡᠨ ᠬᠣᠢᠨ᠎ᠠ᠂ ᠲᠠᠢᠽᠦ ᠴᠢᠩᠭᠢᠰ ᠬᠠᠭᠠᠨ ᠶᠢᠰᠦᠨ ᠡᠩ ᠦ᠋ᠨ ᠲᠠᠢᠪᠤᠤ ᠲᠦᠰᠢᠮᠡᠳ ᠤᠯᠤᠰ ᠲᠤᠷ ᠲᠤᠰᠠᠲᠤ ᠦᠭᠡᠰ ᠢ᠋ᠶ᠋ᠡᠨ ᠠᠢᠯᠠᠳᠬ᠎ᠠ ᠬᠡᠮᠡᠭᠰᠡᠨ ᠳ᠋ᠦ᠍ᠷ ᠲᠣᠷᠭᠠᠨ ᠰᠢᠷ᠎ᠠ ᠲᠡᠷᠢᠭᠦᠯᠡᠵᠦ ᠠᠢᠯᠠᠳᠬᠠᠷᠤᠨ : 
             ᠨᠠᠷᠠᠨ ᠰᠠᠷᠠᠨ ᠮᠡᠲᠦ ᠲᠦᠭᠡᠭᠡᠯ ᠭᠡᠷᠡᠯ ᠬᠣᠣᠰ ᠪᠦᠷᠢᠳᠦᠭᠰᠡᠨ 
             ᠨᠠᠷᠠᠰᠤ ᠮᠠᠢᠯᠠᠰᠤᠨ ᠠᠳᠠᠯᠢ ᠰᠦᠷ ᠵᠢᠪᠬᠤᠯᠠᠩ ᠬᠠᠮᠲᠤ ᠴᠣᠭᠴᠠᠯᠠᠭᠰᠠᠨ᠂ 
             ᠨᠠᠪᠴᠢ ᠴᠡᠴᠡᠭ ᠮᠡᠲᠦ ᠦᠷᠡᠰ ᠰᠢᠮᠡᠰ ᠲᠡᠭᠰᠢ ᠳᠡᠯᠭᠡᠷᠡᠭᠰᠡᠨ  
             ᠨᠠᠭᠤᠷ ᠳᠠᠯᠠᠢ ᠠᠳᠠᠯᠢ ᠱᠠᠩ ᠬᠣᠣᠷ ᠠᠳᠠᠯᠢ ᠲᠡᠭᠦᠰᠦᠭᠰᠡᠨ ᠬᠠᠭᠠᠨ ᠡᠵᠡᠨ ᠮᠢᠨᠦ ᠠ᠋ ! 
             ᠬᠠᠲᠠᠭᠤ ᠴᠠᠭᠠᠵᠠ ᠪᠠᠷ ᠬᠠᠮᠤᠭ ᠰᠠᠮᠠᠭᠤᠨ ᠢ᠋ ᠠᠷᠢᠯᠭᠠᠭᠠᠳ  
             ᠬᠠᠢᠷ᠎ᠠ ᠥᠷᠥᠰᠢᠶᠡᠯ ᠢ᠋ᠶ᠋ᠡᠷ ᠬᠠᠳ ᠪᠥᠭᠦᠳ ᠢ᠋ ᠪᠢᠰᠢᠷᠡᠭᠦᠯᠦᠨ᠂ 
             ᠬᠠᠷᠢᠶᠠᠲᠤ ᠠᠯᠪᠠᠲᠤ ᠪᠠᠨ ᠳᠠᠯᠠᠢ ᠶ᠋ᠢ ᠳᠠᠪᠠᠲᠠᠯ᠎ᠠ ᠳᠡᠯᠭᠡᠷᠡᠭᠦᠯᠦᠨ  
             ᠬᠠᠭᠠᠨ ᠳᠦᠷᠢ ᠪᠡᠨ ᠲᠦᠮᠡᠨ ᠣᠨ ᠪᠠᠲᠤᠳᠬᠠᠮᠤ ! 
ᠬᠡᠮᠡᠭᠰᠡᠨ ᠳ᠋ᠦ᠍ᠷ ᠰᠣᠳᠣ ᠪᠣᠭᠳᠠ ᠴᠢᠩᠭᠢᠰ ᠬᠠᠭᠠᠨ ᠬᠠᠷᠢᠭᠤ ᠡᠢᠨ ᠵᠠᠷᠯᠢᠭ ᠪᠣᠯᠤᠷᠤᠨ :  
             ᠲᠠᠲ᠋ᠠᠷ ᠲᠤᠷ ᠪᠠᠷᠢᠭ᠍ᠳᠠᠵᠤ ᠲᠡᠮᠦᠷ ᠭᠢᠨᠵᠢ ᠡᠮᠦᠰᠴᠦ ᠬᠣᠷᠢᠭ᠍ᠳᠠᠨ 
             ᠲᠠᠢᠴᠢᠭᠤᠳ ᠲᠤᠷ ᠪᠠᠷᠢᠭ᠍ᠳᠠᠵᠤ ᠲᠠᠯ᠎ᠠ ᠶ᠋ᠢᠨ ᠡᠪᠡᠰᠦᠨ᠎ᠡ ᠬᠡᠪᠲᠡᠵᠦ ᠨᠢᠭᠤᠬᠤᠶ᠎ᠠ᠂ 
             ᠲᠡᠪᠴᠢᠯ ᠦᠭᠡᠢ ᠠᠮᠢ ᠶ᠋ᠢ ᠪᠠᠰᠠ ᠭᠠᠷ ᠲᠤᠷ ᠢ᠋ᠶ᠋ᠠᠨ ᠪᠠᠷᠢᠵᠤ  
             ᠲᠠᠷᠭᠤᠨ ᠬᠣᠨᠢ ᠶ᠋ᠢᠨ ᠬᠦᠨᠡᠰᠦ ᠥᠭᠭᠦᠭᠰᠡᠨ ᠲᠠᠩᠰᠤᠭ ᠲᠠᠢᠰᠢ ᠮᠢᠨᠦ ! 
ᠭᠡᠮᠡᠨ ᠮᠣᠳᠣᠷ ᠢ᠋ᠶ᠋ᠠᠷ ᠠᠯᠲᠠᠨ ᠤ᠋ ᠴᠥᠭᠦᠴᠡᠨ ᠳ᠋ᠦ᠍ᠷ ᠠᠷᠢᠬᠢ ᠬᠢᠵᠦ ᠬᠠᠢᠷᠠᠯᠠᠨ ᠲᠡᠷᠢᠭᠦᠨ ᠦ᠌ ᠲᠡᠷᠢᠭᠦᠨ ᠳ᠋ᠦ᠍ᠷ ᠰᠠᠭᠤᠯᠭᠠᠪᠠ᠃ 
       ᠲᠡᠳᠦᠢ ᠵᠠᠯᠠᠢᠳ ᠤ᠋ᠨ ᠮᠤᠬᠤᠯᠢ ᠭᠠᠷᠴᠤ ᠰᠥᠭᠥᠳᠦᠭᠡᠳ ᠡᠢᠨ ᠠᠢᠯᠠᠳᠬᠠᠷᠤᠨ :  
             ᠠᠮᠲᠠᠲᠤ ᠰᠢᠮᠲᠠᠲᠤ ᠬᠤᠪᠢᠯᠭᠠᠨ ᠮᠡᠲᠦ ᠠᠷᠢᠭᠤᠨ ᠡᠵᠡᠨ ᠮᠢᠨᠦ  
             ᠠᠴᠢᠯᠠᠯ ᠠᠰᠠᠷᠠᠯ ᠬᠣᠣᠰ ᠪᠦᠷᠢᠳᠦᠭᠰᠡᠨ ᠲᠡᠭᠷᠢ ᠡᠵᠡᠨ ᠮᠢᠨᠦ᠂ 
             ᠠᠷᠰᠯᠠᠨ ᠭᠠᠷᠤᠳᠢ ᠮᠡᠲᠦ ᠬᠦᠯᠦᠭ ᠪᠠᠭᠠᠲᠤᠳ ᠤ᠋ᠨ ᠠᠷᠭᠠᠲᠤ ᠡᠵᠡᠨ ᠮᠢᠨᠦ 
             ᠠᠯᠳᠠᠷ ᠨᠡᠷ᠎ᠡ ᠳᠠᠯᠠᠢ ᠳ᠋ᠤᠷ ᠲᠦᠭᠡᠮᠡᠯ ᠠᠴᠢᠲᠤ ᠬᠠᠭᠠᠨ ᠡᠵᠡᠨ ᠮᠢᠨᠦ᠂ 
             ᠬᠥᠬᠡ ᠳᠠᠯᠠᠢ ᠮᠡᠲᠦ ᠬᠦᠨᠳᠦ ᠰᠡᠳᠬᠢᠯ ᠢ᠋ᠶ᠋ᠡᠨ ᠦᠯᠦ  ᠪᠤᠯᠢᠶᠠᠭᠳᠠᠨ 
             ᠬᠥᠷ ᠶᠡᠬᠡ ᠤᠯᠤᠰ ᠲᠥᠷᠥ ᠪᠡᠨ ᠬᠥᠮᠦᠵᠢᠭᠦᠯᠦᠨ ᠲᠡᠵᠢᠭᠡᠵᠦ ᠮᠠᠨᠳᠤᠭᠠᠳ 
             ᠬᠥᠮᠦᠨ ᠠᠮᠢᠲᠠᠨ ᠢ᠋ ᠬᠥᠪᠡᠭᠦᠨ ᠮᠡᠲᠦ ᠬᠥᠭᠡᠷᠦᠬᠦᠢᠯᠡᠨ ᠥᠷᠥᠰᠢᠶᠡᠳᠡᠭ  
             ᠬᠦᠴᠦᠨ ᠬᠦᠷᠳᠡᠳᠦ ᠪᠡᠷ ᠬᠥᠪᠴᠢᠨ ᠪᠦᠭᠦᠳᠡ ᠳᠡᠯᠡᠬᠡᠢ ᠳ᠋ᠠᠬᠢᠨ ᠢ᠋ ᠡᠵᠡᠯᠡᠮᠦ ! 
ᠭᠡᠮᠡᠨ ᠠᠢᠯᠠᠳᠬᠠᠭᠰᠠᠨ ᠳ᠋ᠤᠷ ᠬᠥᠮᠦᠨ ᠦ᠌ ᠡᠷᠬᠡᠲᠦ ᠰᠤᠤᠲᠤ ᠪᠣᠭᠳᠠ ᠴᠢᠩᠭᠢᠰ ᠬᠠᠭᠠᠨ ᠮᠣᠳᠣᠷ ᠢ᠋ᠶ᠋ᠠᠷ ᠠᠷᠢᠬᠢ ᠥᠭᠴᠦ ᠡᠢᠨ ᠵᠠᠷᠯᠢᠭ ᠪᠣᠯᠤᠷᠤᠨ : 
             ᠲᠡᠷᠢᠭᠦᠨ ᠥᠰᠲᠦ ᠤᠷᠭᠤᠯ ᠢ᠋ ᠢᠷᠡᠬᠦᠢ ᠳ᠋ᠦ᠍ᠷ ᠲᠡᠮᠳᠡᠭ ᠪᠣᠯᠤᠭᠰᠠᠨ ᠨᠥᠬᠥᠷ 
             ᠲᠠᠲ᠋ᠠᠷ ᠲᠠᠢᠴᠢᠭᠤᠳ ᠲᠤᠷ ᠳᠠᠷᠤᠯᠬᠠᠳᠠᠨ ᠶᠠᠪᠤᠬᠤᠢ ᠳ᠋ᠤᠷ ᠳᠡᠮᠵᠢᠵᠦ ᠶᠠᠪᠤᠭᠰᠠᠨ ᠬᠠᠨᠢ 
             ᠲᠡᠷᠰᠯᠡᠭᠦᠦ ᠲᠠᠢᠰᠤᠨ᠎ᠠ ᠲᠡᠮᠡᠴᠡᠨ ᠣᠷᠣᠬᠤᠶ᠎ᠠ ᠲᠡᠨᠡᠭ ᠵᠠᠭᠠᠨ ᠪᠣᠯᠤᠭᠰᠠᠨ  
             ᠲᠡᠩᠰᠡᠬᠦ ᠠᠷᠭ᠎ᠠ ᠶ᠋ᠢ ᠪᠣᠳᠣᠨ ᠲᠣᠭᠲᠠᠭᠠᠬᠤᠶ᠎ᠠ ᠲᠡᠭᠷᠢ ᠶ᠋ᠢᠨ ᠬᠢᠵᠠᠭᠠᠷ ᠲᠤᠯᠤᠭᠴᠢ᠂  
             ᠲᠡᠰᠬᠢᠮ᠎ᠡ ᠬᠦᠢᠲᠡᠨ ᠶᠡᠬᠡ ᠴᠠᠰᠤ ᠳ᠋ᠤᠷ ᠲᠡᠷᠡ ᠬᠦ᠌ ᠢᠰᠡᠭᠡᠢ ᠶ᠋ᠢ ᠪᠠᠷᠢᠭᠠᠳ 
             ᠲᠡᠰᠬᠡᠯ ᠦᠭᠡᠢ ᠬᠣᠣᠷᠲᠤ ᠬᠠᠭᠤᠷᠮᠠᠭ ᠤ᠋ᠨ ᠲᠡᠳᠡᠭᠡᠷ ᠣᠨᠴᠠᠭᠠᠢ ᠶ᠋ᠢ ᠮᠡᠳᠡᠭᠰᠡᠨ 
             ᠲᠡᠭᠰᠢ ᠲᠥᠷᠥ ᠶ᠋ᠢ ᠬᠠᠮᠲᠤ ᠪᠠᠢᠭᠤᠯᠤᠭᠰᠠᠨ ᠲᠡᠷᠭᠡᠨ ᠦ᠌ ᠠᠷᠠᠯ ᠮᠢᠨᠦ 
             ᠳᠠᠭ᠌ᠷᠢᠯᠢᠭ᠌ ᠡᠴᠢᠭᠡ ᠶ᠋ᠢᠨ ᠪᠠᠭᠤᠯᠭᠠᠵᠤ ᠲᠤᠰᠠᠯᠠᠭᠤᠯᠬᠤ ᠵᠢᠨᠦᠩ ᠮᠢᠨᠦ ! 
ᠭᠡᠮᠡᠨ ᠲᠡᠭᠰᠢ ᠳᠦᠭᠦᠷᠡᠩ ᠠᠯᠠᠭ ᠬᠤᠨᠳᠠᠭ᠎ᠠ ᠶ᠋ᠢ ᠪᠠᠷᠢᠵᠤ ᠲᠡᠷᠢᠭᠦᠨ ᠮᠣᠳᠣᠷ ᠢ᠋ᠶ᠋ᠠᠷ ᠬᠠᠢᠷᠠᠯᠠᠨ ᠱᠠᠩᠨᠠᠪᠠ᠃ 
       ᠲᠡᠳᠦᠢ ᠠᠷᠯᠠᠳ ᠤ᠋ᠨ ᠪᠤᠭᠤᠷᠵᠢ ᠭᠠᠷᠴᠤ ᠰᠥᠭᠥᠳᠦᠭᠡᠳ ᠮᠥᠷᠭᠥᠨ ᠠᠢᠯᠠᠳᠬᠠᠷᠤᠨ : 
             ᠡᠷᠳᠡᠨᠢ ᠪᠡᠷ ᠴᠣᠭᠴᠠᠯᠠᠭᠰᠠᠨ ᠴᠣᠭᠲᠤ ᠰᠦᠮᠪᠦᠷ ᠠᠭᠤᠯᠠ ᠮᠡᠲᠦ ᠡᠵᠡᠨ ᠮᠢᠨᠦ 
             ᠡᠷᠬᠡ ᠪᠡᠷ ᠪᠦᠲᠦᠭᠰᠡᠨ ᠰᠤᠤᠲᠤ ᠰᠦᠨ ᠳᠠᠯᠠᠢ ᠠᠳᠠᠯᠢ ᠡᠵᠡᠨ ᠮᠢᠨᠦ  
             ᠡᠳᠦᠷ ᠰᠥᠨᠢ ᠶ᠋ᠢᠨ ᠣᠳᠣᠨ ᠭᠠᠷᠠᠭ ᠢ᠋ᠶ᠋ᠠᠷ ᠬᠦᠷᠢᠶᠡᠯᠡᠭᠰᠡᠨ ᠡᠵᠡᠨ ᠮᠢᠨᠦ᠂ 
             ᠡᠷᠬᠡᠲᠦ ᠰᠤᠤᠲᠤ ᠪᠣᠭᠳᠠ ᠴᠢᠩᠭᠢᠰ ᠬᠠᠭᠠᠨ ᠡᠵᠡᠨ ᠮᠢᠨᠦ᠂  
             ᠬᠠᠭᠠᠨ ᠬᠥᠮᠦᠨ ᠦ᠌ ᠭᠤᠴᠢᠨ ᠵᠢᠷᠭᠤᠭᠠᠨ ᠴᠢᠬᠤᠯᠠ ᠶ᠋ᠢ ᠬᠠᠮᠠᠭᠠᠯᠠᠵᠤ  
             ᠬᠠᠰ ᠲᠥᠷᠥ ᠶ᠋ᠢᠨ ᠬᠠᠤᠯᠢ ᠶᠣᠰᠣ ᠪᠠᠨ ᠬᠤᠷᠴᠠ ᠴᠢᠩᠭ᠎ᠠ ᠲᠡᠭᠰᠢᠳᠬᠡᠵᠦ 
             ᠬᠠᠮᠤᠭ ᠤᠯᠤᠰ ᠤ᠋ᠨ ᠦᠷ᠎ᠡ ᠠᠴᠢ ᠶ᠋ᠢ ᠡᠷᠭᠦᠨ ᠬᠥᠮᠦᠵᠢᠭᠦᠯᠦᠨ ᠰᠤᠷᠭᠠᠵᠤ 
             ᠬᠠᠮᠲᠤ ᠪᠦᠬᠦᠨ ᠤᠯᠤᠰ ᠢᠷᠭᠡᠨ ᠢ᠋ᠶ᠋ᠡᠨ ᠠᠮᠤᠷ ᠡᠩᠬᠡ ᠪᠣᠯᠭᠠᠲᠤᠭᠠᠢ ! 
ᠬᠡᠮᠡᠭᠰᠡᠨ ᠳ᠋ᠦ᠍ᠷ ᠬᠠᠢᠷᠠᠲᠤ ᠪᠣᠭᠳᠠ ᠪᠠᠭᠠᠲᠤᠷ ᠴᠢᠩᠭᠢᠰ ᠬᠠᠭᠠᠨ ᠬᠠᠯᠠᠭᠤᠨ ᠳᠡᠷᠡᠰᠦᠨ ᠢ᠋ ᠠᠯᠲᠠᠨ ᠴᠥᠭᠦᠴᠡᠨ ᠳ᠋ᠦ᠍ᠷ ᠮᠣᠳᠣᠷ ᠢ᠋ᠶ᠋ᠠᠷ ᠬᠠᠢᠷᠠᠯᠠᠵᠤ ᠵᠠᠷᠯᠢᠭ ᠪᠣᠯᠤᠷᠤᠨ᠄
             ᠠᠭᠲᠠ ᠪᠠᠨ ᠠᠯᠳᠠᠭᠰᠠᠨ ᠲᠡᠷᠡ ᠲᠤᠬᠠᠢ ᠳ᠋ᠤᠷ ᠠᠮᠠᠷᠠᠭᠯᠠᠨ ᠬᠠᠨᠢᠯᠠᠭᠰᠠᠨ ᠨᠥᠬᠥᠷ  
             ᠠᠰᠢᠳᠠ ᠳᠠᠭᠠᠭᠰᠠᠭᠠᠷ ᠡᠳᠦᠭᠡ ᠪᠣᠯᠲᠠᠯ᠎ᠠ ᠬᠤᠪᠢᠯᠤᠭᠰᠠᠨ ᠦᠭᠡᠢ ᠬᠠᠨᠢ᠂ 
             ᠠᠯᠠᠯᠳᠤᠬᠤ  ᠲᠠᠢᠰᠤᠨ᠎ᠠ ᠠᠮᠢ ᠪᠠᠨ ᠲᠡᠪᠴᠢᠭᠴᠢ ᠠᠷᠳᠠᠯ ᠦᠭᠡᠢ ᠰᠠᠢᠳ 
             ᠠᠮᠤᠭᠤᠯᠠᠩ ᠲᠥᠷᠥ ᠳ᠋ᠦ᠍ᠷ ᠰᠠᠨᠠᠭᠠᠨ ᠨᠡᠢᠯᠡᠵᠦ  ᠠᠳᠬᠠᠭ ᠦᠭᠡᠢ ᠲᠦᠰᠢᠮᠡᠳ! 
ᠭᠡᠮᠡᠨ ᠠᠯᠲᠠᠨ ᠴᠥᠭᠥᠴᠡ ᠪᠡᠨ ᠥᠪᠡᠷ ᠢ᠋ᠶ᠋ᠡᠨ ᠪᠠᠷᠢᠵᠤ ᠠᠷᠢᠬᠢ ᠰᠠᠷᠬᠤᠳ ᠬᠠᠢᠷᠠᠯᠠᠨ ᠱᠠᠩᠨᠠᠪᠠ᠃ 
       ᠲᠡᠳᠦᠢ ᠴᠢᠯᠠᠭᠤ ᠭᠠᠷᠴᠤ ᠬᠢᠴᠢᠶᠡᠨ ᠰᠥᠭᠥᠳᠴᠦ ᠮᠥᠷᠭᠥᠨ ᠠᠢᠯᠠᠳᠬᠠᠷᠤᠨ : 
             ᠬᠠᠳᠠ ᠬᠠᠭᠠᠷᠠᠵᠤ ᠬᠠᠰ ᠴᠢᠯᠠᠭᠤᠨ ᠤ᠋ ᠲᠠᠮᠠᠭ᠎ᠠ ᠶ᠋ᠢ ᠣᠯᠤᠭᠰᠠᠨ ᠡᠵᠡᠨ ᠮᠢᠨᠦ 
             ᠬᠠᠭᠠᠨ ᠲᠡᠭᠷᠢ ᠡᠴᠡ ᠬᠠᠰ ᠠᠶᠠᠭᠠᠲᠤ ᠷᠠᠰᠢᠶᠠᠨ ᠬᠦᠷᠲᠡᠭᠰᠡᠨ ᠬᠠᠭᠠᠨ ᠮᠢᠨᠦ᠂ 
             ᠬᠠᠮᠤᠭ ᠪᠦᠭᠦᠳᠡ ᠶ᠋ᠢ ᠡᠷᠬᠡ ᠳ᠋ᠦ᠍ᠷ ᠢ᠋ᠶ᠋ᠡᠨ ᠣᠷᠣᠭᠤᠯᠤᠭᠰᠠᠨ ᠡᠵᠡᠨ ᠮᠢᠨᠦ 
             ᠬᠠᠷᠢᠶᠠᠲᠤ ᠨᠡᠢᠲᠡ ᠪᠡᠨ ᠠᠮᠤᠭᠤᠯᠠᠩ ᠪᠣᠯᠭᠠᠭᠰᠠᠨ ᠬᠠᠭᠠᠨ ᠮᠢᠨᠦ !
             ᠬᠦᠨᠳᠦ ᠶᠡᠬᠡ ᠴᠣᠭᠴᠠ ᠶ᠋ᠢ ᠬᠦᠩᠬᠡᠨ᠎ᠡ ᠦᠯᠦ ᠬᠥᠳᠡᠯᠭᠡᠵᠦ ᠪᠣᠯᠬᠤ 
             ᠬᠦᠴᠦᠲᠦ ᠶᠡᠬᠡ ᠵᠣᠷᠢᠭ ᠢ᠋ ᠬᠥᠭᠰᠢᠷᠡᠲᠡᠯ᠎ᠡ ᠦᠯᠦ ᠵᠣᠭᠰᠣᠬᠤ ᠠᠵᠢᠶᠠᠮᠤ᠂ 
             ᠬᠥᠩᠭᠡᠨ ᠪᠠᠯᠠᠮᠠᠳ ᠬᠣᠪᠴᠢ ᠪᠢᠯᠳᠠᠤᠴᠢ ᠶ᠋ᠢ ᠬᠥᠭᠡᠭᠡᠵᠦ ᠵᠠᠢᠯᠠᠭᠤᠯᠤᠭᠠᠳ 
             ᠬᠥᠮᠦᠨ ᠦ᠌ ᠰᠥᠰᠥ ᠮᠡᠷᠭᠡᠳ ᠰᠠᠢᠳ ᠢ᠋ ᠬᠥᠬᠢᠭᠦᠯᠵᠦ ᠢᠨᠠᠭᠯᠠᠨ ᠠᠪᠬᠤ ᠪᠣᠯᠪᠠᠤ 
ᠬᠡᠮᠡᠭᠰᠡᠨ ᠳ᠋ᠦ᠍ᠷ ᠬᠥᠬᠡ ᠮᠣᠩᠭᠣᠯ ᠤ᠋ᠨ ᠬᠠᠭᠠᠨ ᠴᠢᠩᠭᠢᠰ ᠪᠣᠭᠳᠠ ᠬᠤᠨᠳᠠᠭᠠᠲᠤ ᠰᠠᠷᠬᠤᠳ ᠢ᠋ ᠴᠢᠯᠠᠭᠤ ᠳ᠋ᠤᠷ ᠬᠦᠷᠲᠡᠭᠡᠨ ᠱᠠᠩᠨᠠᠵᠤ ᠤᠤᠭᠤᠯᠭᠠᠨ ᠬᠥᠩᠭᠢᠷᠡᠰᠲᠡᠯ᠎ᠡ ᠮᠦᠰᠢᠶᠡᠵᠦ ᠬᠠᠷᠢᠭᠤ ᠡᠢᠨ ᠵᠠᠷᠯᠢᠭ ᠪᠣᠯᠤᠷᠤᠨ : 
             ᠤᠩᠭᠠᠰᠤᠨ ᠤ᠋ ᠲᠡᠷᠭᠡ ᠳ᠋ᠦ᠍ᠷ ᠮᠢᠨᠦ ᠪᠡᠶ᠎ᠡ ᠶ᠋ᠢ ᠨᠢᠭᠤᠭᠠᠳ 
             ᠤᠷᠭᠤᠯ ᠪᠣᠭᠣᠯ ᠤ᠋ᠨ ᠡᠷᠢᠨ ᠡᠴᠢᠬᠦᠶ᠎ᠡ ᠤᠭᠲᠤᠵᠤ ᠬᠠᠷᠢᠶᠠᠭᠰᠠᠨ ᠬᠠᠨᠢ᠂ 
             ᠤᠨᠤᠬᠤ ᠮᠣᠷᠢ ᠶ᠋ᠢ ᠥᠭᠴᠦ ᠬᠠᠮᠲᠤ ᠶᠠᠪᠤᠭ᠍ᠰᠨ ᠤ᠋ ᠲᠤᠯᠠᠳᠠ 
             ᠤᠬᠤᠷᠢᠯ ᠦᠭᠡᠢ ᠵᠢᠳᠬᠦᠨ ᠶᠠᠪᠤᠭᠰᠠᠭᠠᠷ ᠣᠯᠠᠨ ᠤ᠋ ᠡᠵᠡᠨ ᠪᠣᠯᠭᠠᠪᠠ ! 
ᠭᠡᠮᠡᠨ ᠤᠷᠢᠳᠠ ᠶ᠋ᠢᠨ ᠬᠤᠨᠳᠠᠭ᠎ᠠ ᠳ᠋ᠤᠷ ᠳᠠᠬᠢᠨ ᠠᠷᠢᠬᠢ ᠬᠢᠵᠦ ᠮᠣᠳᠣᠷ ᠢ᠋ᠶ᠋ᠠᠷ ᠤᠤᠭᠤᠯᠭᠠᠪᠠ᠃ 
       ᠲᠡᠳᠦᠢ ᠪᠤᠭᠤᠷᠤᠯ ᠭᠠᠷᠴᠤ ᠮᠥᠷᠭᠥᠵᠦ ᠬᠢᠴᠢᠶᠡᠩᠭᠦᠢᠯᠡᠨ ᠰᠥᠭᠥᠳᠴᠦ ᠡᠢᠨ ᠠᠢᠯᠠᠳᠬᠠᠷᠤᠨ :  
             ᠬᠥᠮᠦᠨ ᠦ᠌ ᠡᠷᠬᠡᠲᠦ ᠬᠦᠴᠦᠨ ᠬᠦᠷᠳᠦᠨ ᠢ᠋ ᠣᠷᠴᠢᠭᠤᠯᠤᠭᠴᠢ ᠬᠠᠭᠠᠨ ᠡᠵᠡᠨ ᠮᠢᠨᠦ 
             ᠬᠥᠪᠡᠭᠦᠨ ᠠᠴᠢ ᠨᠠᠷ ᠲᠤᠷ ᠲᠦᠮᠡᠨ ᠦᠶ᠎ᠡ ᠬᠦᠨᠳᠦ ᠲᠥᠷᠥ ᠪᠠᠢᠭᠤᠯᠤᠭᠰᠠᠨ ᠪᠣᠭᠳᠠ ᠡᠵᠡᠨ ᠮᠢᠨᠦ᠂ 
             ᠬᠦᠯᠦᠭ ᠪᠠᠭᠠᠲᠤᠳ ᠢ᠋ᠶ᠋ᠠᠨ ᠬᠥᠪᠡᠭᠦᠨᠴᠢᠯᠡᠨ ᠥᠷᠥᠰᠢᠶᠡᠭᠴᠢ ᠬᠥᠬᠡ ᠣᠭᠲᠠᠷᠭᠤᠢ ᠮᠡᠲᠦ ᠡᠵᠡᠨ ᠮᠢᠨᠦ 
             ᠬᠥᠯᠭᠡ ᠮᠣᠷᠢᠨ ᠢ᠋ᠶ᠋ᠠᠷ ᠭᠠᠪᠢᠶ᠎ᠠ ᠵᠢᠳᠬᠦᠯᠭᠡ ᠶ᠋ᠢ ᠬᠥᠬᠢᠭᠦᠯᠦᠨ ᠬᠥᠮᠦᠵᠢᠭᠦᠯᠬᠦ ᠬᠠᠭᠠᠨ ᠡᠵᠡᠨ ᠮᠢᠨᠦ! 
             ᠠᠷᠭ᠎ᠠ ᠬᠦᠴᠦᠨ ᠠᠰᠢᠳᠠ ᠴᠢᠳᠠᠪᠠᠴᠤ ᠠᠯᠢᠪᠠ ᠳ᠋ᠤᠷ ᠦᠯᠦ ᠬᠥᠩᠭᠡᠯᠡᠮᠦ 
             ᠠᠶᠤᠮᠰᠢᠭ᠍ᠲᠤ ᠬᠦᠴᠦᠨ ᠬᠡᠳᠦᠢ ᠲᠡᠭᠦᠰᠪᠡᠴᠦ ᠦᠷᠭᠦᠯᠵᠢ ᠦᠯᠦ ᠣᠮᠣᠷᠬᠠᠮᠤ᠂ 
             ᠠᠯᠲᠠᠨ ᠳᠡᠯᠡᠬᠡᠢ ᠶ᠋ᠢ ᠡᠷᠬᠡ ᠪᠡᠷ ᠪᠣᠯᠭᠠᠭᠴᠢ ᠮᠡᠷᠭᠡᠨ ᠰᠠᠢᠨ ᠢ᠋ ᠬᠦᠷᠢᠶᠡᠯᠡᠮᠦ 
             ᠠᠯᠤᠰᠳᠠᠬᠤ ᠰᠣᠨᠣᠰᠪᠠᠰᠤ ᠰᠠᠢᠨ ᠨᠡᠷ᠎ᠡ ᠶ᠋ᠢ ᠲᠦᠮᠡᠨ ᠦᠶ᠎ᠡ ᠬᠣᠴᠣᠷᠭᠠᠮᠤ ! 
ᠬᠡᠮᠡᠭᠰᠡᠨ ᠳ᠋ᠦ᠍ᠷ ᠠᠰᠠᠷᠠᠯ ᠶᠡᠬᠡᠲᠦ ᠤᠯᠤᠰ ᠨᠡᠭᠡᠭᠡᠭᠰᠡᠨ ᠪᠣᠭᠳᠠ ᠪᠠᠭᠠᠲᠤᠷ ᠴᠢᠩᠭᠢᠰ ᠬᠠᠭᠠᠨ ᠪᠠᠰᠠ ᠠᠯᠲᠠᠨ ᠴᠥᠭᠦᠴᠡᠨ ᠳ᠋ᠦ᠍ ᠳᠡᠷᠡᠰᠦᠨ ᠢ᠋ ᠬᠠᠢᠷᠠᠯᠠᠵᠤ ᠵᠠᠷᠯᠢᠭ ᠪᠣᠯᠤᠷᠤᠨ :  
             ᠪᠣᠱᠣᠭᠲᠤ ᠬᠤᠸᠠᠩᠬᠡᠦ ᠶ᠋ᠢ  ᠪᠠᠭᠤᠯᠭᠠᠨ ᠠᠪᠬᠤᠢ ᠳ᠋ᠤᠷ  ᠪᠤᠶᠠᠨᠲᠤ ᠪᠡᠯᠡᠭ ᠪᠠᠷᠢᠭ᠍ᠰᠠᠨ 
             ᠪᠣᠯᠭᠣᠮᠵᠢ ᠡᠷᠬᠢᠮ ᠰᠢᠭᠦᠮᠵᠢ ᠶ᠋ᠢ ᠬᠤᠷᠢᠮ ᠲᠥᠷᠥ ᠳ᠋ᠦ᠍ ᠬᠣᠴᠣᠷᠭᠠᠭᠰᠠᠨ᠂ 
             ᠪᠣᠳᠠᠲᠠᠶ᠎ᠠ ᠮᠢᠨᠦ ᠬᠠᠳᠠᠮ ᠤ᠋ᠨ ᠭᠠᠵᠠᠷ᠎ᠠ ᠪᠣᠯᠵᠣᠭᠠᠲᠤ ᠠᠳᠠᠯᠢ ᠲᠤᠰᠠᠯᠠᠭᠰᠠᠨ ᠰᠠᠢᠳ ᠮᠢᠨᠦ  
             ᠪᠤᠯᠲᠤ ᠲᠠᠢᠰᠤᠨ᠎ᠠ ᠲᠡᠷᠢᠭᠦᠯᠡᠨ ᠪᠠᠢᠯᠳᠤᠭᠴᠢ ᠪᠣᠷᠣ ᠠᠷᠰᠯᠠᠨ ᠮᠡᠲᠦ ᠵᠠᠩᠵᠤᠨ ᠮᠢᠨᠦ ! 
ᠭᠡᠮᠡᠨ ᠮᠠᠭᠲᠠᠨ ᠰᠠᠢᠰᠢᠶᠠᠪᠠ᠃ 
       ᠲᠡᠳᠦᠢ ᠤᠷᠢᠶᠠᠩᠬᠠᠨ ᠤ᠋  ᠵᠡᠯᠮ᠎ᠡ ᠭᠠᠷᠴᠤ ᠰᠥᠭᠥᠳᠦᠨ ᠮᠥᠷᠭᠥᠭᠡᠳ ᠡᠢᠨ ᠠᠢᠯᠠᠳᠬᠠᠷᠤᠨ :  
             ᠴᠠᠯᠮ᠎ᠠ ᠥᠨᠳᠥᠷ ᠤᠷᠢᠳᠤᠰ ᠳᠡᠭᠡᠳᠦᠰ ᠢ᠋ ᠭᠡᠷᠡᠯᠲᠦᠭᠦᠯᠦᠭᠰᠡᠨ ᠴᠢᠩᠭᠢᠰ ᠬᠠᠭᠠᠨ ᠡᠵᠡᠨ ᠮᠢᠨᠦ 
             ᠴᠡᠴᠡᠭ ᠰᠢᠮᠡᠰ ᠦ᠋ᠨ ᠦᠷ᠎ᠡ ᠠᠴᠢ ᠳ᠋ᠤᠷ ᠦᠯᠡᠳᠡᠭᠡᠭᠰᠡᠨ ᠴᠢᠩᠭᠢᠰ ᠬᠠᠭᠠᠨ ᠮᠢᠨᠦ᠂ 
             ᠴᠢᠰᠤᠨ ᠭᠠᠪᠢᠶᠠᠲᠤ ᠰᠠᠢᠳ ᠲᠦᠰᠢᠮᠡᠳ ᠢ᠋ ᠦᠷ᠎ᠡ ᠮᠡᠲᠦ ᠥᠷᠥᠰᠢᠶᠡᠭᠴᠢ ᠡᠵᠡᠨ ᠮᠢᠨᠦ 
             ᠴᠠᠳᠬᠤᠯᠠᠩ ᠥᠯᠥᠰᠬᠦᠯᠡᠩ ᠴᠡᠷᠢᠭ ᠯᠤᠬᠡ ᠬᠠᠮᠲᠤᠳᠤᠭᠰᠠᠨ ᠬᠠᠮᠤᠭ ᠤ᠋ᠨ ᠡᠴᠢᠭᠡ ᠡᠵᠡᠨ ᠮᠢᠨᠦ ! 
             ᠤᠬᠠᠭᠠᠨᠲᠤ ᠰᠡᠴᠡᠳ ᠦ᠋ᠨ ᠣᠶᠤᠨ ᠢ᠋ ᠲᠡᠵᠢᠭᠡᠨ ᠰᠢᠳᠠᠷ ᠢ᠋ᠶ᠋ᠡᠨ ᠪᠠᠢᠯᠭᠠᠵᠤ ᠬᠠᠢᠷᠠᠯᠠᠮᠤ 
             ᠤᠷᠰᠢᠭ᠍ᠲᠤ ᠭᠡᠮᠲᠡᠨ ᠦ᠌ ᠤᠭᠰᠠᠭ᠎ᠠ ᠶ᠋ᠢ ᠲᠠᠰᠤᠯᠵᠤ ᠵᠠᠰᠠᠭ ᠴᠠᠭᠠᠵᠠ ᠪᠠᠷ ᠠᠷᠢᠯᠭᠠᠮᠤ  
             ᠤᠷᠤᠭᠰᠢᠯᠠᠭᠰᠠᠨ ᠪᠠᠭᠠᠲᠤᠳ ᠤ᠋ᠨ ᠰᠡᠳᠬᠢᠯ ᠢ᠋ ᠲᠡᠵᠢᠭᠡᠨ ᠳᠡᠷᠭᠡᠳᠡ ᠶᠦ᠍ᠭᠡᠨ ᠪᠠᠢᠯᠭᠠᠵᠤ ᠵᠢᠷᠭᠠᠮᠤ 
             ᠤᠷᠠᠨ ᠵᠠᠯᠢᠬᠠᠢ ᠶ᠋ᠢ ᠤᠬᠤᠴᠢᠯᠠᠨ ᠲᠠᠰᠤᠯᠵᠤ ᠤᠷᠢᠳᠤ ᠶ᠋ᠢᠨ ᠬᠠᠤᠯᠢ ᠪᠠᠷ ᠠᠷᠢᠯᠭᠠᠮᠤ ! 
ᠬᠡᠮᠡᠭᠰᠡᠨ ᠳ᠋ᠦ᠍ᠷ ᠣᠶᠤᠨ ᠲᠡᠭᠦᠰᠦᠭᠰᠡᠨ ᠭᠡᠭᠡᠬᠡᠨ ᠪᠣᠭᠳᠠ ᠴᠢᠩᠭᠢᠰ ᠬᠠᠭᠠᠨ ᠤᠷᠲᠤᠳᠠ ᠪᠡᠶᠡᠰᠦᠨ ᠮᠣᠳᠣᠷ ᠢ᠋ᠶ᠋ᠠᠷ ᠠᠷᠢᠬᠢ ᠬᠠᠢᠷᠠᠯᠠᠨ ᠰᠠᠢᠰᠢᠶᠠᠵᠤ ᠮᠠᠭᠲᠠᠪᠠ ᠄
             ᠤᠯᠤᠰ ᠤ᠋ᠨ ᠡᠮᠦᠨ᠎ᠡ ᠦᠨᠡᠨ ᠳᠤᠷᠠᠰᠬᠠᠯ ᠪᠣᠯᠤᠭᠰᠠᠨ ᠣᠷᠢᠶᠠᠩᠬᠠᠨ ᠤ᠋ ᠰᠠᠢᠳ ᠮᠢᠨᠦ 
             ᠤᠮᠳᠠᠭᠠᠰᠤᠨ ᠭᠠᠴᠢᠭ᠍ᠳᠠᠬᠤᠶ᠎ᠠ ᠤᠮᠳᠠᠲᠤ ᠲᠠᠷᠠᠭ ᠤᠤᠭᠤᠯᠭᠠᠭᠰᠠᠨ ᠤᠷᠢᠶᠠᠩᠬᠠᠨ ᠤ᠋ ᠤᠷᠤᠭ ᠮᠢᠨᠦ 
             ᠤᠭᠲᠤᠭᠰᠠᠨ ᠳᠠᠢᠰᠤᠨ ᠤ᠋ ᠲᠤᠭ ᠢ᠋ ᠴᠠᠪᠴᠢᠵᠤ ᠣᠯᠠᠨ ᠰᠤᠮᠤ ᠶ᠋ᠢ ᠵᠣᠭᠰᠣᠭᠠᠭᠰᠠᠨ 
             ᠣᠶᠤᠨᠲᠤ ᠮᠢᠨᠦ ᠤᠯᠤᠰ ᠤ᠋ᠨ ᠲᠥᠯᠥᠭᠡ ᠮᠥᠷᠥ ᠪᠡᠨ ᠴᠠᠪᠴᠢᠭ᠍ᠰᠠᠨ ᠤᠬᠠᠭᠠᠨᠲᠤ ᠰᠡᠴᠡᠨ ᠤᠷᠤᠭ ᠮᠢᠨᠦ ! 
ᠭᠡᠮᠡᠨ ᠮᠠᠭᠲᠠᠨ ᠰᠠᠢᠰᠢᠶᠠᠪᠠ᠃ 
       ᠲᠡᠳᠦᠢ ᠪᠠᠰᠠ ᠵᠡᠪᠡ ᠭᠠᠷᠴᠤ ᠰᠥᠭᠥᠳᠦᠭᠡᠳ ᠮᠥᠷᠭᠥᠵᠦ ᠠᠢᠯᠠᠳᠬᠠᠷᠤᠨ :
             ᠤᠷᠢᠳᠤᠰ ᠢ᠋ ᠭᠡᠷᠡᠯᠲᠦᠭᠦᠯᠦᠨ ᠬᠣᠢᠲᠤ ᠶ᠋ᠢ ᠬᠥᠮᠦᠵᠢᠭᠦᠯᠦᠭᠰᠡᠨ ᠤᠷᠲᠤ ᠲᠡᠭᠷᠢ ᠶ᠋ᠢᠨ ᠬᠥᠪᠡᠭᠦᠨ  
             ᠣᠯᠠᠨ ᠢ᠋ ᠠᠮᠤᠭᠤᠯᠤᠨ ᠨᠡᠢᠲᠡ ᠶ᠋ᠢ ᠡᠩᠬᠡᠵᠢᠭᠦᠯᠦᠭᠰᠡᠨ ᠪᠣᠭᠳᠠ ᠬᠠᠭᠠᠨ ᠡᠵᠡᠨ ᠮᠢᠨᠦ᠂  
             ᠤᠷᠢᠳᠤ ᠰᠠᠢᠨ ᠬᠠᠭᠤᠴᠢᠨ ᠲᠦᠰᠢᠮᠡᠳ ᠢ᠋ ᠤᠷᠤᠭ ᠪᠣᠯᠭᠠᠨ ᠥᠷᠥᠰᠢᠶᠡᠭᠴᠢ 
             ᠦᠯᠢᠭᠡᠷᠯᠡᠰᠢ ᠦᠭᠡᠢ ᠦᠨᠡᠨ ᠥᠷᠥᠰᠢᠶᠡᠯᠲᠦ ᠪᠣᠭᠳᠠ ᠬᠠᠭᠠᠨ ᠡᠵᠡᠨ ᠮᠢᠨᠦ ! 
             ᠬᠤᠲᠤᠭᠲᠤ ᠲᠡᠭᠷᠢ ᠬᠤᠪᠢᠲᠤ ᠭᠠᠵᠠᠷ ᠲᠤᠷ ᠦᠷᠭᠦᠯᠵᠢ ᠵᠠᠯᠪᠠᠷᠢᠨ ᠰᠠᠭᠤᠯᠭᠠᠵᠤ 
             ᠬᠤᠷᠠᠭᠰᠠᠨ ᠤᠯᠤᠰ ᠬᠣᠯᠠ ᠠᠢᠮᠠᠭ ᠢ᠋ ᠡᠭᠦᠷᠢ ᠵᠠᠰᠠᠵᠤ ᠵᠢᠷᠭᠠᠭᠤᠯᠤᠮᠤ᠂ 
             ᠬᠣᠣᠷᠲᠤ ᠳᠠᠢᠰᠤᠨ ᠬᠤᠢᠬᠤᠷ ᠵᠠᠯᠢᠬᠠᠢ ᠶ᠋ᠢ ᠬᠤᠰᠤᠬᠤ ᠮᠡᠲᠦ ᠠᠷᠢᠯᠭᠠᠵᠤ 
             ᠬᠠᠤᠯᠢ ᠶᠣᠰᠣᠨ ᠢ᠋ ᠲᠦᠮᠡᠨ ᠦᠶ᠎ᠡ ᠲᠦᠭᠡᠮᠡᠯ ᠢ᠋ᠶ᠋ᠡᠷ ᠬᠣᠴᠣᠷᠭᠠᠮᠤ ! 
ᠬᠡᠮᠡᠭᠰᠡᠨ ᠳ᠋ᠦ᠍ᠷ ᠬᠤᠲᠤᠭᠲᠤ ᠪᠣᠭᠳᠠ ᠴᠢᠩᠭᠢᠰ ᠬᠠᠭᠠᠨ ᠴᠥᠭᠥᠴᠡ ᠳᠦᠭᠦᠷᠡᠩ ᠠᠷᠢᠬᠢ ᠶ᠋ᠢ ᠮᠣᠳᠣᠷ ᠢ᠋ᠶ᠋ᠠᠷ ᠬᠠᠢᠷᠠᠯᠠᠵᠤ ᠵᠠᠷᠯᠢᠭ ᠪᠣᠯᠤᠷᠤᠨ : 
             ᠬᠠᠯᠠᠬᠠᠯᠠᠭ᠍ᠴᠢ ᠲᠠᠢᠰᠤᠨ᠎ᠠ ᠬᠠᠷᠢᠯ ᠦᠭᠡᠢ ᠰᠢᠷᠭᠤᠯᠠᠵᠤ ᠬᠠᠷᠪᠤᠭᠰᠠᠨ ᠰᠤᠮᠤ ᠮᠡᠲᠦ ᠲᠦᠰᠢᠮᠡᠯ ᠮᠢᠨᠦ 
             ᠬᠠᠷᠢ ᠬᠤᠯᠠᠭᠠᠢ ᠳ᠋ᠤᠷ ᠬᠠᠷᠢᠯ ᠦᠭᠡᠢ ᠵᠢᠳᠬᠦᠭᠴᠢ ᠭᠠᠯᠵᠠᠭᠤ ᠬᠠᠷᠴᠠᠭᠠᠢ ᠮᠡᠲᠦ ᠬᠣᠰᠢᠭᠤᠴᠢ ᠮᠢᠨᠦ᠂ 
             ᠬᠠᠲᠠᠭᠤ ᠵᠣᠷᠢᠭ ᠢ᠋ᠶ᠋ᠠᠨ ᠬᠠᠭᠠᠴᠠᠯ ᠦᠭᠡᠢ  ᠪᠣᠳᠣᠭᠰᠠᠨ ᠬᠠᠰ ᠬᠠᠳᠠ ᠮᠡᠲᠦ ᠪᠠᠭᠠᠲᠤᠷ ᠮᠢᠨᠦ 
             ᠬᠠᠮᠤᠭ ᠬᠥᠮᠥᠨ᠎ᠡ ᠬᠠᠷᠰᠢᠯ ᠦᠭᠡᠢ ᠵᠣᠬᠢᠯᠳᠤᠭᠴᠢ ᠬᠠᠯᠬᠠᠯᠠᠯᠲᠠᠢ ᠰᠠᠢᠳ ᠰᠡᠴᠡᠨ ᠮᠢᠨᠦ !  
ᠭᠡᠮᠡᠨ ᠮᠠᠭᠲᠠᠪᠠ᠃ 
       ᠲᠡᠳᠦᠢ ᠵᠦᠷᠴᠢᠳ ᠦ᠋ᠨ ᠴᠤᠤ ᠮᠡᠷᠭᠡᠨ ᠭᠠᠷᠴᠤ ᠰᠥᠭᠥᠳᠦᠨ ᠮᠥᠷᠭᠥᠵᠦ ᠡᠢᠨ ᠠᠢᠯᠠᠳᠬᠠᠷᠤᠨ : 
             ᠬᠣᠷᠢᠨ ᠨᠠᠢ᠍ᠮᠠᠨ ᠣᠳᠣᠨ ᠭᠤᠴᠢᠨ ᠵᠢᠷᠭᠤᠭᠠᠨ ᠭᠠᠷᠠᠭ ᠢ᠋ ᠡᠵᠡᠯᠡᠭᠰᠡᠨ ᠡᠵᠡᠨ ᠮᠢᠨᠦ 
             ᠬᠣᠲᠠᠯᠠ ᠤᠯᠤᠰ ᠠᠢᠮᠠᠭ ᠭᠤᠷᠪᠠᠨ ᠶᠢᠷᠲᠢᠨᠴᠦ ᠶ᠋ᠢ ᠡᠵᠡᠯᠡᠭᠰᠡᠨ ᠬᠠᠭᠠᠨ ᠮᠢᠨᠦ᠂   
             ᠬᠣᠣᠷᠲᠤ ᠳᠠᠢᠰᠤᠨ ᠬᠣᠯᠠ ᠠᠢᠮᠠᠭ ᠢ᠋ ᠡᠷᠬᠡ ᠳ᠋ᠦ᠍ᠷ ᠢ᠋ᠶ᠋ᠡᠨ ᠬᠤᠷᠢᠶᠠᠭᠰᠠᠨ ᠡᠵᠡᠨ ᠮᠢᠨᠦ 
             ᠬᠤᠪᠢ ᠪᠤᠶᠠᠨ ᠬᠣᠣᠰ ᠪᠦᠷᠢᠳᠦᠭᠰᠡᠨ ᠰᠤᠤᠲᠤ ᠪᠣᠭᠳᠠ ᠴᠢᠩᠭᠢᠰ ᠬᠠᠭᠠᠨ ᠮᠢᠨᠦ ! 
             ᠬᠡᠮᠵᠢᠶ᠎ᠡ ᠦᠭᠡᠢ ᠥᠷᠥᠰᠢᠶᠡᠯ ᠢ᠋ᠶ᠋ᠡᠷ ᠥᠨᠥᠴᠢᠨ ᠪᠡᠯᠪᠡᠰᠦᠨ ᠢ᠋ ᠥᠷᠥᠰᠢᠶᠡᠵᠦ 
             ᠬᠡᠪᠴᠢᠶᠡᠳᠦ ᠬᠠᠲᠠᠭᠤ ᠵᠠᠰᠠᠭ ᠢ᠋ᠶ᠋ᠠᠷ ᠬᠣᠪᠴᠢ ᠪᠢᠯᠳᠠᠤᠴᠢ ᠶ᠋ᠢ ᠵᠠᠰᠠᠭᠯᠠᠨ᠂ 
             ᠬᠡᠲᠦᠷᠬᠡᠶ᠎ᠡ ᠶᠡᠬᠡ ᠤᠯᠤᠰ ᠲᠥᠷᠥ ᠶ᠋ᠢ ᠬᠡᠪ ᠬᠠᠤᠯᠢ ᠪᠠᠷ ᠵᠠᠰᠠᠵᠤ  
             ᠬᠡᠪ ᠬᠡᠵᠢᠶᠡᠳᠡ ᠠᠷᠢᠯᠤᠰᠢ ᠦᠭᠡᠢ ᠲᠥᠷᠥ ᠶᠣᠰᠣᠨ ᠢ᠋ ᠲᠣᠭᠲᠠᠭᠠᠮᠤ ! 
ᠬᠡᠮᠡᠭᠰᠡᠨ ᠳ᠋ᠦ᠍ᠷ ᠬᠡᠮᠵᠢᠰᠢ ᠦᠭᠡᠢ ᠥᠯᠵᠡᠢ ᠪᠡᠯᠭᠡᠲᠦ ᠬᠡᠲᠦᠷᠬᠡᠶ᠎ᠡ ᠭᠡᠭᠡᠬᠡᠨ ᠰᠤᠤᠲᠤ ᠪᠣᠭᠳᠠ ᠬᠠᠭᠠᠨ ᠴᠥᠭᠥᠴᠡᠲᠦ ᠠᠷᠢᠬᠢ ᠶ᠋ᠢ ᠪᠠᠷᠢᠵᠤ ᠴᠤᠤ ᠮᠡᠷᠭᠡᠨ ᠳ᠋ᠦ᠍ᠷ ᠱᠠᠩᠨᠠᠨ ᠡᠢᠨ ᠵᠠᠷᠯᠢᠭ ᠪᠣᠯᠤᠷᠤᠨ : 
             ᠵᠢᠭᠠᠵᠤ ᠥᠭᠭᠦᠭᠰᠡᠨ ᠢ᠋ ᠠᠯᠳᠠᠯ ᠦᠭᠡᠢ ᠣᠨᠣᠭᠴᠢ ᠠᠶᠤᠩᠭ᠎ᠠ ᠶ᠋ᠢᠨ ᠰᠤᠮᠤ ᠮᠢᠨᠦ 
             ᠵᠢᠷᠭᠠᠯᠠᠩ ᠵᠣᠪᠠᠯᠠᠩ ᠳ᠋ᠤᠷ ᠠᠶᠤᠯ ᠦᠭᠡᠢ ᠶᠠᠪᠤᠭᠴᠢ ᠬᠠᠲᠠᠭᠤ  ᠬᠠᠯᠬᠠᠪᠴᠢ ᠮᠢᠨᠦ᠂ 
             ᠵᠢᠰᠤᠷ ᠳᠠᠢᠰᠤᠨ ᠢ᠋ ᠵᠡᠪᠡ ᠪᠦᠷᠢ ᠤᠨᠤᠭᠴᠢ ᠪᠠᠷᠠᠭᠤᠨ ᠡᠷᠡᠬᠡᠢ ᠮᠢᠨᠦ 
             ᠵᠠᠶᠠᠭᠠᠲᠤ ᠡᠵᠡᠨ ᠢ᠋ᠶ᠋ᠡᠨ ᠡᠭᠦᠷᠢᠳᠡ ᠬᠠᠮᠠᠭᠠᠯᠠᠭᠰᠠᠨ ᠥᠷᠯᠥᠭ ᠰᠠᠢᠳ ᠮᠢᠨᠦ ! 
ᠭᠡᠮᠡᠨ ᠮᠠᠭᠲᠠᠪᠠ᠃ 
       ᠳᠠᠭᠠᠯᠳᠤᠯᠭ᠎ᠠ ᠣᠢᠷᠠᠳ ᠤ᠋ᠨ ᠬᠠᠷ᠎ᠠ ᠬᠢᠷᠤ ᠭᠠᠷᠴᠤ ᠰᠥᠭᠥᠳᠦᠭᠡᠳ ᠠᠢᠯᠠᠳᠬᠠᠷᠤᠨ : 
             ᠳᠡᠭᠡᠳᠦ ᠲᠡᠭᠷᠢ ᠶ᠋ᠢᠨ ᠥᠷᠥᠰᠢᠶᠡᠯ ᠰᠡᠳᠬᠢᠯᠳᠦ ᠪᠣᠭᠳᠠ ᠡᠵᠡᠨ ᠮᠢᠨᠦ 
             ᠳᠡᠯᠡᠬᠡᠢ ᠪᠦᠭᠦᠳᠡ ᠶ᠋ᠢᠨ ᠡᠴᠢᠭᠡ ᠪᠣᠯᠤᠭᠰᠠᠨ ᠬᠠᠭᠠᠨ ᠡᠵᠡᠨ ᠮᠢᠨᠦ᠂ 
             ᠳᠡᠭᠡᠷ᠎ᠡ ᠳᠣᠣᠷ᠎ᠠ ᠶ᠋ᠢ ᠬᠠᠮᠲᠤ ᠪᠠᠷ ᠳᠤᠯᠢᠳᠠᠭᠴᠢ ᠬᠤᠷᠮᠤᠰᠲᠠ ᠡᠵᠡᠨ ᠮᠢᠨᠦ 
             ᠳᠡᠯᠡᠬᠡᠢ ᠶ᠋ᠢᠨ ᠦᠨᠡᠨ ᠠᠢᠯᠠᠳᠤᠭᠴᠢ ᠲᠡᠭᠷᠢ ᠡᠵᠡᠨ ᠮᠢᠨᠦ ! 
             ᠥᠲᠡᠭᠦᠰ ᠨᠢᠯᠬᠠᠰ ᠢ᠋ ᠥᠪᠡᠷ ᠦ᠋ᠨ ᠦᠷᠡᠰ ᠮᠡᠲᠦ ᠥᠷᠥᠰᠢᠶᠡᠨ ᠦᠵᠡᠮᠦ 
             ᠥᠨᠥᠴᠢᠨ ᠪᠡᠯᠪᠡᠰᠦᠨ ᠢ᠋ ᠥᠪᠡᠷ ᠦ᠋ᠨ ᠪᠡᠶ᠎ᠡ ᠠᠳᠠᠯᠢ ᠡᠨᠡᠷᠢᠨ ᠬᠠᠢᠷᠠᠯᠠᠮᠤ᠂ 
             ᠥᠪᠡᠷ ᠦ᠋ᠨ ᠮᠠᠭᠤ ᠶ᠋ᠢ ᠪᠤᠰᠤᠳ ᠠ᠋ᠴᠠ ᠢᠯᠡᠭᠦᠦ ᠠᠢᠯᠠᠳᠤᠨ ᠮᠡᠳᠡᠵᠦ ᠲᠣᠭᠲᠠᠭᠠᠭᠴᠢ 
             ᠦᠷᠭᠦᠯᠵᠢ ᠤᠷᠲᠤᠳᠠ ᠪᠣᠭᠳᠠ ᠮᠡᠷᠭᠡᠨ ᠢ᠋ ᠲᠦᠮᠡᠨ ᠣᠨ ᠬᠣᠴᠣᠷᠤᠭᠤᠯᠤᠮᠤ ! 
ᠬᠡᠮᠡᠭᠰᠡᠨ ᠳ᠋ᠦ᠍ᠷ ᠲᠠᠢᠽᠦ ᠪᠣᠭᠳᠠ ᠦᠵᠡᠲᠡᠯ᠎ᠡ ᠶᠡᠬᠡᠯ᠎ᠡ ᠪᠡᠶᠡᠰᠦᠨ ᠮᠦᠰᠢᠶᠡᠭᠡᠳ ᠦᠳᠲᠡᠷ ᠲᠦᠷᠭᠡᠨ ᠠᠯᠲᠠᠨ ᠴᠥᠭᠥᠴᠡ ᠪᠠᠷᠢᠵᠤ᠂ ᠥᠷᠯᠥᠭ ᠨᠣᠶᠠᠨ ᠬᠠᠷ᠎ᠠ ᠬᠢᠷᠤ ᠳ᠋ᠤᠷ ᠱᠠᠩᠨᠠᠨ ᠥᠭᠭᠦᠭᠡᠳ ᠵᠠᠷᠯᠢᠭ ᠪᠣᠯᠤᠷᠤᠨ : 
             ᠥᠰᠢᠶᠡᠲᠡᠨ ᠲᠠᠢᠰᠤᠨ᠎ᠠ ᠦᠬᠦᠨ ᠪᠠᠢᠯᠳᠤᠬᠤᠶ᠎ᠠ 
             ᠥᠲᠡᠭᠡ ᠮᠡᠲᠦ ᠰᠢᠷᠭᠤᠯᠠᠭᠴᠢ᠂  
             ᠦᠷᠭᠦᠯᠵᠢ ᠶᠣᠰᠣ ᠶ᠋ᠢ ᠳᠤᠷᠠᠳᠬᠠᠨ ᠥᠭᠦᠯᠡᠬᠦᠶ᠎ᠡ 
             ᠥᠷᠯᠥᠭᠡ ᠶ᠋ᠢᠨ ᠭᠡᠷᠡᠯ ᠠᠳᠠᠯᠢ ! 
             ᠥᠮᠥᠭᠯᠡᠬᠦ ᠪᠠᠢᠯᠳᠤᠭᠠᠨ᠎ᠠ ᠤᠷᠤᠭᠰᠢᠯᠠᠨ ᠣᠷᠣᠬᠤᠢ ᠳ᠋ᠤᠷ 
             ᠦᠬᠡᠷ ᠮᠡᠲᠦ ᠵᠢᠳᠬᠦᠮᠦᠢ᠂ 
             ᠦᠨᠡᠨ ᠦᠭᠡ ᠪᠡᠷ ᠰᠡᠷᠭᠦᠭᠡᠨ ᠰᠠᠨᠠᠭᠤᠯᠤᠬᠤᠶ᠎ᠠ 
             ᠦᠪᠡᠷᠡᠴᠢᠯᠡᠯ ᠦᠭᠡᠢ ᠰᠢᠳᠤᠷᠭᠤ ! 
ᠭᠡᠮᠡᠨ ᠰᠠᠢᠰᠢᠶᠠᠵᠤ᠂ ᠲᠡᠳᠦᠢ ᠲᠠᠲ᠋ᠠᠷ ᠤ᠋ᠨ ᠰᠢᠷᠢ ᠬᠤᠲᠤᠭ ᠭᠠᠷᠴᠤ ᠰᠥᠭᠥᠳᠦᠭᠡᠳ ᠮᠥᠷᠭᠥᠵᠦ ᠡᠢᠨ ᠠᠢᠯᠠᠳᠬᠠᠷᠤᠨ :
             ᠬᠦᠷᠳᠦᠲᠦ ᠲᠡᠷᠭᠡ ᠭᠡᠲᠦᠯᠦᠰᠢ ᠦᠭᠡᠢ ᠰᠦᠨ ᠳᠠᠯᠠᠢ ᠮᠡᠲᠦ ᠡᠵᠡᠨ ᠮᠢᠨᠦ 
             ᠬᠥᠯᠭᠡ ᠮᠣᠷᠢ ᠳᠠᠪᠠᠰᠢ ᠦᠭᠡᠢ ᠰᠦᠮᠪᠦᠷ ᠠᠭᠤᠯᠠ ᠠᠳᠠᠯᠢ ᠬᠠᠭᠠᠨ ᠮᠢᠨᠦ᠂ 
             ᠬᠥᠪᠴᠢᠨ ᠪᠦᠭᠦᠳᠡ ᠶ᠋ᠢ ᠡᠵᠡᠯᠡᠭᠰᠡᠨ ᠰᠦᠯᠳᠡ ᠲᠩᠷᠢ ᠡᠵᠡᠨ ᠮᠢᠨᠦ 
             ᠬᠥᠮᠦᠨ ᠦ᠌ ᠡᠷᠬᠡᠲᠦ ᠬᠦᠴᠦᠨ ᠬᠦᠷᠳᠦᠲᠦ ᠰᠤᠤᠲᠤ ᠴᠢᠩᠭᠢᠰ ᠬᠠᠭᠠᠨ ᠡᠵᠡᠨ ᠮᠢᠨᠦ! 
             ᠦᠯᠡᠮᠵᠢ ᠵᠢᠷᠭᠠᠯ ᠴᠡᠩᠭᠡᠯ ᠡᠴᠡ ᠥᠨᠢᠳᠡ ᠬᠣᠯᠠ ᠲᠡᠪᠴᠢᠵᠦ 
             ᠦᠨᠡᠨ ᠶᠡᠬᠡ ᠤᠯᠤᠰ ᠲᠥᠷᠥ ᠪᠡᠨ ᠥᠷᠯᠥᠭᠡ ᠪᠦᠷᠢ ᠰᠢᠨᠡᠳᠬᠡᠮᠦ᠂ 
             ᠦᠷᠭᠦᠯᠵᠢ ᠵᠢᠳᠬᠦᠭᠰᠡᠨ ᠰᠠᠢᠳ ᠲᠦᠰᠢᠮᠡᠳ ᠢ᠋ᠶ᠋ᠡᠨ ᠦᠭᠡ ᠠᠢᠯᠠᠳᠬᠠᠯ ᠢ᠋ ᠠᠪᠴᠤ 
             ᠦᠯᠢᠭᠡᠷᠯᠡᠰᠢ ᠦᠭᠡᠢ ᠬᠠᠭᠠᠨ ᠰᠠᠭᠤᠪᠠᠴᠤ ᠥᠷᠯᠥᠭ ᠢ᠋ᠶ᠋ᠡᠨ ᠦᠯᠦ ᠤᠮᠠᠷᠲᠠᠬᠤ ᠠᠵᠢᠶᠠᠮᠤ ! 
ᠭᠡᠮᠡᠨ ᠠᠢᠯᠠᠳᠬᠠᠪᠠᠢ᠃ ᠦᠯᠡᠮᠵᠢ ᠮᠡᠷᠭᠡᠨ ᠴᠢᠩᠭᠢᠰ ᠬᠠᠭᠠᠨ ᠢ᠋ᠶ᠋ᠠᠷ ᠦᠭᠡ ᠪᠦᠷᠢ ᠶ᠋ᠢ ᠴᠥᠮ ᠦᠨᠡᠨ ᠭᠡᠮᠡᠨ ᠰᠠᠢᠰᠢᠶᠠᠵᠤ᠂ ᠦᠳᠲᠡᠷ ᠲᠦᠷᠭᠡᠨ ᠠᠯᠲᠠᠨ ᠴᠥᠭᠥᠴᠡ  ᠶ᠋ᠢ ᠪᠠᠷᠢᠵᠤ᠂ ᠠᠮᠠᠴᠢ ᠰᠢᠷᠢ ᠬᠤᠲᠤᠭ ᠲᠤ᠌ ᠱᠠᠩᠨᠠᠵᠤ ᠡᠢᠨ ᠵᠠᠷᠯᠢᠭ ᠪᠣᠯᠤᠷᠤᠨ : 
             ᠪᠠᠢᠯᠳᠤᠬᠤ ᠴᠠᠭ ᠲᠤᠷ ᠪᠠᠷᠬᠢᠷᠠᠨ ᠴᠢᠴᠢᠷᠡᠵᠦ ᠤᠷᠤᠭᠰᠢᠯᠠᠭᠴᠢ ᠰᠠᠢᠳ ᠮᠢᠨᠦ 
             ᠪᠠᠶᠠᠷᠯᠠᠬᠤ ᠦᠶ᠎ᠡ ᠳ᠋ᠦ᠍ᠷ ᠪᠠᠰᠠ ᠦᠨᠡᠨ ᠢ᠋ ᠬᠡᠯᠡᠭᠴᠢ ᠥᠷᠯᠥᠭ ᠮᠢᠨᠦ᠂ 
             ᠪᠠᠲᠤᠯᠠᠭᠰᠠᠨ ᠦᠭᠡᠢ ᠶ᠋ᠢ ᠦᠯᠦ ᠵᠠᠷᠯᠠᠭᠴᠢ ᠪᠠᠷᠢᠮᠲᠠᠲᠤ ᠰᠠᠢᠳ ᠮᠢᠨᠦ 
             ᠪᠠᠯᠠᠷᠠᠬᠤ ᠬᠡᠷᠡᠭ ᠭᠡᠮ ᠬᠣᠣᠷ ᠢ᠋ ᠡᠷᠲᠡ ᠡᠴᠡ ᠬᠡᠯᠡᠭᠴᠢ ᠴᠢᠬᠡᠴᠢ ᠬᠠᠨᠢ ᠮᠢᠨᠦ! 
ᠭᠡᠮᠡᠨ ᠰᠠᠢᠰᠢᠶᠠᠪᠠ᠃ 
       ᠲᠡᠳᠦᠢ ᠲᠡᠭᠷᠢ ᠶ᠋ᠢᠨ ᠪᠣᠱᠣᠭ ᠢ᠋ ᠬᠦᠯᠢᠶᠡᠭᠰᠡᠨ ᠪᠣᠭᠳᠠ ᠪᠠᠭᠠᠲᠤᠷ ᠬᠤᠸᠠᠩᠳᠢ᠂ ᠬᠥᠮᠦᠨ ᠦ᠌ ᠡᠷᠬᠡᠲᠦ ᠰᠤᠤᠲᠤ ᠴᠢᠩᠭᠢᠰ ᠬᠠᠭᠠᠨ᠂ ᠬᠦᠴᠦᠨ ᠬᠦᠷᠳᠦᠨ ᠢ᠋ ᠣᠷᠴᠢᠭᠤᠯᠤᠭᠴᠢ ᠲᠠᠢᠽᠦ ᠬᠠᠭᠠᠨ ᠶᠡᠬᠡᠳᠡ ᠪᠡᠶᠡᠰᠦᠨ ᠣᠯᠠᠨ ᠤ᠋ ᠵᠦᠭ ᠡᠢᠨ ᠵᠠᠷᠯᠢᠭ ᠪᠣᠯᠤᠷᠤᠨ :《ᠮᠢᠨᠦ ᠡᠨᠡ ᠡᠳᠦᠷ ᠦ᠋ᠨ ᠶᠢᠰᠦᠨ ᠥᠷᠯᠥᠭ ᠨᠣᠶᠠᠳ ᠤ᠋ᠨ ᠤᠯᠤᠰ ᠤ᠋ᠨ ᠶᠣᠰᠣ ᠳ᠋ᠤᠷ ᠮᠡᠳᠡᠭᠦᠯᠦᠭᠰᠡᠨ ᠰᠡᠳᠬᠢᠯ ᠦ᠋ᠨ ᠦᠭᠡᠰ ᠢ᠋ ᠰᠠᠢᠬᠠᠨ ᠰᠤᠷᠲᠠᠯᠲᠤ ᠬᠢᠴᠢᠶᠡᠨ ᠪᠢᠴᠢᠵᠦ ᠠᠪ ! 》 ᠬᠡᠮᠡᠭᠰᠡᠨ ᠳ᠋ᠦ᠍ᠷ ᠰᠠᠢᠬᠠᠨ ᠰᠤᠷᠲᠠᠯᠲᠤ ᠶᠠᠭᠠᠷᠠᠨ ᠰᠢᠷ᠎ᠠ ᠡᠪᠬᠡᠮᠡᠯ ᠢ᠋ ᠡᠷᠭᠦᠨ ᠪᠠᠷᠢᠪᠠ᠃ ᠲᠠᠢᠽᠦ ᠴᠢᠩᠭᠢᠰ ᠬᠠᠭᠠᠨ ᠠᠪᠴᠤ ᠦᠵᠡᠪᠡᠰᠦ ᠶᠢᠰᠦᠨ ᠡᠩ ᠦ᠋ᠨ ᠡᠷᠭᠦᠨ ᠠᠢᠯᠠᠳᠬᠠᠭᠰᠠᠨ ᠪᠠ ᠬᠠᠷᠢᠭᠤ ᠪᠠᠭᠤᠯᠭᠠᠭᠰᠠᠨ ᠵᠠᠷᠯᠢᠭ ᠢ᠋ ᠴᠥᠮ ᠨᠢᠭᠡᠨ ᠦᠭᠡ ᠠᠯᠳᠠᠯ ᠦᠭᠡᠢ ᠪᠢᠴᠢᠵᠦ ᠠᠪᠤᠭᠰᠠᠨ ᠲᠤᠯᠠ ᠲᠠᠢᠽᠦ ᠶᠡᠬᠡᠯ᠎ᠡ ᠪᠡᠶᠡᠰᠦᠨ ᠪᠠᠰᠠ ᠵᠠᠷᠯᠢᠭ ᠪᠣᠯᠤᠷᠤᠨ :《ᠡᠨᠡ ᠡᠳᠦᠷ ᠡᠴᠡ ᠬᠣᠢᠰᠢ ᠡᠨᠡ ᠶᠢᠰᠦᠨ ᠡᠩ ᠦ᠋ᠨ ᠥᠷᠯᠥᠭ ᠨᠣᠶᠠᠨ ᠡᠷᠬᠡᠪᠰᠢ ᠡᠳᠦᠷ ᠪᠦᠷᠢ ᠮᠢᠨᠦ ᠦᠯᠦ ᠵᠣᠬᠢᠬᠤ ᠬᠡᠷᠡᠭ ᠢ᠋ ᠡᠪᠬᠡᠮᠡᠯ ᠪᠠᠷᠢᠵᠤ ᠠᠢᠯᠠᠳᠬ᠎ᠠ᠃ ᠪᠢ ᠬᠡᠳᠦᠢ ᠰᠡᠳᠬᠢᠯ ᠦ᠋ᠨ ᠤᠭ ᠠ᠋ᠴᠠ ᠪᠤᠰᠤᠴᠢᠷ ᠦᠢᠯᠡ ᠡᠰᠡ ᠦᠢᠯᠡᠳᠪᠡᠴᠦ ᠰᠠᠨᠠᠭᠠᠨ ᠳ᠋ᠤᠷ ᠦᠭᠡᠢ ᠲᠣᠬᠢᠶᠠᠯᠳᠤᠬᠤ ᠠᠨᠤ ᠶᠡᠷᠦᠳᠡ ᠶ᠋ᠢᠨ ᠬᠡᠷᠡᠭ ᠲᠤᠯᠠ ᠡᠢᠨ ᠬᠦ᠌ ᠥᠷᠯᠥᠭᠡ ᠪᠦᠷᠢ ᠥᠪᠡᠷ ᠦ᠋ᠨ ᠮᠡᠳᠡᠬᠦ ᠪᠠ ᠡᠰᠡ ᠵᠣᠬᠢᠭ᠍ᠰᠠᠨ ᠢ᠋ ᠦᠵᠡᠵᠦ᠂ ᠪᠠᠰᠠ ᠬᠦ᠌ ᠮᠢᠨᠦ ᠰᠠᠨᠠᠭᠠᠨ ᠳ᠋ᠤ᠌ ᠦᠭᠡᠢ ᠡᠳᠦᠷ ᠪᠦᠷᠢ ᠶᠠᠭᠠᠷᠠᠯᠲᠠᠢ ᠪᠠᠷ ᠮᠡᠳᠡᠭᠦᠯᠬᠦ ᠪᠣᠯᠪᠠᠰᠤ ᠬᠡᠳᠦᠨ ᠣᠨ ᠤ᠋ ᠳᠣᠲᠣᠷ᠎ᠠ ᠰᠠᠢᠵᠢᠷᠠᠨ ᠵᠠᠰᠠᠷᠠᠭᠰᠠᠭᠠᠷ ᠦᠨᠡᠬᠡᠷ ᠲᠡᠭᠷᠢ ᠶ᠋ᠢᠨ ᠬᠥᠪᠡᠭᠦᠨ ᠦ᠌ ᠶᠠᠪᠤᠳᠠᠯ ᠳ᠋ᠤᠷ ᠨᠡᠢᠯᠡᠯᠴᠡᠬᠦ ᠪᠣᠯᠠᠢ᠃ ᠡᠭᠦᠨ ᠡᠴᠡ ᠭᠠᠳᠠᠨ᠎ᠠ ᠮᠢᠨᠦ ᠪᠤᠷᠤᠭᠤ ᠣᠰᠣᠯ ᠴᠠᠯᠠᠭᠠᠢ ᠶ᠋ᠢ ᠮᠢᠨᠦ ᠲᠠᠢᠰᠢ ᠸᠠᠩ ᠨᠠᠷ ᠠ᠋ᠴᠠ ᠳᠠᠷᠠᠭᠠᠯᠠᠨ ᠮᠢᠨᠦ ᠡᠮᠦᠨ᠎ᠡ ᠠᠢᠯᠠᠳᠬᠠᠨ ᠴᠢᠳᠠᠭᠴᠢᠳ ᠲᠤᠷ ᠠᠷᠪᠠᠨ ᠯᠠᠩ ᠮᠥᠩᠭᠥ᠂ ᠨᠢᠭᠡᠨ ᠲᠣᠷᠭ᠎ᠠ ᠱᠠᠩᠨᠠᠮᠤᠢ᠃ ᠬᠡᠷᠪᠡ ᠬᠣᠯᠠ ᠰᠠᠢᠳ ᠪᠠᠭ᠎ᠠ ᠲᠦᠰᠢᠮᠡᠳ ᠮᠢᠨᠦ ᠡᠨᠳᠡᠭᠦᠦ ᠪᠤᠷᠤᠭᠤ ᠶ᠋ᠢ ᠪᠢᠴᠢᠭᠡᠳ ᠮᠢᠨᠦ ᠸᠠᠩ ᠰᠠᠢᠳ ᠲᠠᠢᠰᠢ ᠲᠠᠢᠪᠤᠤ ᠨᠠᠷ ᠢᠷᠡᠨ ᠮᠡᠳᠡᠭᠦᠯᠦᠨ ᠨᠠᠳᠠ ᠳ᠋ᠤᠷ ᠠᠢᠯᠠᠳᠬᠠᠪᠠᠰᠤ ᠵᠠᠭᠤᠨ ᠯᠠᠩ ᠮᠥᠩᠭᠥ᠂ ᠠᠷᠪᠠᠨ ᠲᠣᠷᠭ᠎ᠠ ᠱᠠᠩᠨᠠᠮᠤᠢ᠃ ᠬᠡᠷᠪᠡ ᠴᠡᠷᠢᠭ ᠬᠤᠶᠠᠭ ᠠᠯᠪᠠᠲᠤ ᠢᠷᠭᠡᠨ ᠮᠢᠨᠦ ᠡᠳᠡᠭᠦᠦ ᠪᠤᠷᠤᠭᠤ ᠶ᠋ᠢ ᠣᠯᠵᠤ ᠰᠣᠨᠣᠰᠤᠨ᠂ ᠡᠷᠭᠦᠨ ᠬᠡᠯᠡᠭᠰᠡᠳ ᠲᠣᠷ ᠵᠠᠭᠤᠨ ᠠᠳᠤᠭᠤ ᠮᠢᠩᠭᠠᠨ ᠬᠣᠨᠢ ᠱᠠᠩᠨᠠᠵᠤ᠂ ᠳᠡᠪᠰᠢᠭᠦᠯᠦᠨ ᠲᠦᠰᠢᠮᠡᠯ ᠰᠠᠢᠳ ᠲᠤᠷ ᠬᠡᠷᠡᠭᠯᠡᠮᠦᠢ ! 》ᠬᠡᠮᠡᠭᠰᠡᠨ ᠳ᠋ᠦ᠍ᠷ ᠵᠠᠭᠤᠨ ᠲᠦᠰᠢᠮᠡᠳ ᠪᠠᠶᠠᠷᠯᠠᠯᠴᠠᠨ 《ᠲᠦᠮᠡᠨ ᠨᠠᠰᠤᠲᠤ !》ᠭᠡᠮᠡᠨ ᠭᠤᠷᠪᠠᠨ ᠵᠡᠷᠭᠡ ᠳᠠᠭᠤᠳᠠᠯᠴᠠᠨ ᠮᠥᠷᠭᠥᠪᠡ᠃ 
       ᠲᠡᠳᠦᠢ ᠤᠷᠢᠳᠤ ᠶᠢᠰᠦᠨ ᠡᠩ ᠦ᠋ᠨ ᠰᠠᠢᠳ ᠪᠠ ᠡᠵᠡᠨ ᠦ᠌ ᠡᠨᠡ ᠵᠠᠷᠯᠢᠭ ᠢ᠋ ᠣᠯᠠᠨ᠎ᠠ ᠲᠠᠷᠬᠠᠭᠠᠨ ᠵᠠᠷᠯᠠᠵᠤ᠂ ᠪᠠᠰᠠ ᠠᠯᠲᠠᠨ ᠬᠠᠪᠲᠠᠭᠠᠢᠯ᠂ ᠲᠡᠮᠦᠷ ᠰᠠᠮᠪᠠᠷ᠎ᠠ ᠳ᠋ᠤᠷ ᠲᠡᠮᠳᠡᠭᠯᠡᠵᠦ᠂ ᠬᠥᠰᠢᠶ᠎ᠡ ᠴᠢᠯᠠᠭᠤ ᠬᠤᠯᠤᠰᠤᠨ ᠰᠢᠪᠠᠭ᠎ᠠ ᠳ᠋ᠤᠷ ᠰᠡᠢᠯᠦᠭᠦᠯᠦᠭᠡᠳ ᠪᠠᠰᠠ ᠲᠣᠷᠭ᠎ᠠ ᠲᠦᠷᠭᠡ ᠭᠬᠢᠪ ᠴᠠᠭᠠᠰᠤᠨ᠎ᠠ ᠲᠡᠮᠳᠡᠭᠯᠡᠨ ᠪᠢᠴᠢᠭᠦᠯᠵᠦ᠂ ᠣᠯᠠᠨ ᠸᠠᠩ ᠤ᠋ᠳ ᠪᠣᠯᠤᠨ ᠲᠠᠢᠰᠢ ᠲᠠᠢᠪᠤᠤ ᠨᠠᠷ ᠤ᠋ᠨ ᠭᠡᠷ ᠪᠦᠷᠢ ᠳ᠋ᠦ᠍ᠷ ᠨᠢᠭᠡᠨ ᠬᠤᠪᠢ ᠬᠠᠳᠠᠭᠠᠯᠠᠭᠤᠯᠤᠨ᠂ ᠪᠠᠰᠠ ᠭᠠᠳᠠᠭᠠᠳᠤ ᠠᠢᠮᠠᠭ ᠪᠦᠷᠢ ᠳ᠋ᠦ᠍ᠷ ᠲᠠᠷᠬᠠᠭᠠᠨ ᠵᠠᠷᠯᠠ ᠭᠡᠮᠡᠨ ᠵᠠᠷᠯᠢᠭ ᠪᠠᠭᠤᠯᠭᠠᠪᠠ᠃ ᠲᠠᠢᠰᠢ ᠲᠠᠢᠪᠤᠤ ᠨᠠᠷ ᠵᠥᠪᠯᠡᠵᠦ᠂ ᠲᠠᠢᠽᠦ ᠴᠢᠩᠭᠢᠰ ᠬᠠᠭᠠᠨ ᠰᠠᠭᠤᠷᠢᠨ ᠳ᠋ᠤᠷ ᠰᠠᠭᠤᠭᠰᠠᠨ ᠢ᠋ ᠭᠠᠳᠠᠭᠠᠳᠤ ᠤᠯᠤᠰ ᠲᠤᠷ ᠰᠣᠨᠣᠰᠬᠠᠬᠤ ᠪᠠ ᠥᠪᠡᠷ ᠦ᠋ᠨ ᠤᠯᠤᠰ ᠲᠤᠷ ᠵᠠᠷᠯᠠᠬᠤ ᠶ᠋ᠢ ᠵᠠᠷᠯᠢᠭ ᠭᠤᠶᠤᠭᠰᠠᠨ ᠳ᠋ᠤᠷ ᠲᠠᠢᠽᠦ ᠴᠢᠩᠭᠢᠰ ᠬᠠᠭᠠᠨ ᠤ᠋ ᠪᠠᠭᠤᠯᠭᠠᠭᠰᠠᠨ ᠵᠠᠷᠯᠢᠭ ᠪᠢᠴᠢᠭ ᠦ᠋ᠨ ᠦᠭᠡ : 
       ᠡᠩ ᠲᠡᠷᠢᠭᠦᠨ᠂ ᠡᠨᠡᠳᠬᠡᠭ ᠦ᠋ᠨ ᠱᠡᠭᠵᠡᠯᠢᠭ ᠢᠵᠠᠭᠤᠷᠲᠤ ᠮᠠᠾᠠᠰᠠᠮᠠᠳᠢ ᠬᠠᠭᠠᠨ ᠠ᠋ᠴᠠ ᠦᠨᠳᠦᠰᠦᠯᠡᠵᠦ᠂ ᠬᠦᠵᠢᠨ ᠰᠠᠨᠳᠠᠯᠢᠲᠤ ᠬᠠᠭᠠᠨ ᠳ᠋ᠤᠷ ᠤᠯᠠᠮᠵᠢᠯᠠᠨ᠂ ᠲᠡᠭᠦᠨ ᠦ᠌ ᠬᠥᠪᠡᠭᠦᠨ ᠳᠠᠯᠠᠢ ᠰᠥᠪᠡᠨ ᠠᠯᠲᠠᠨ ᠰᠢᠷᠡᠭᠡᠲᠦ ᠬᠠᠭᠠᠨ᠂ ᠡᠭᠦᠨ ᠦ᠌ ᠭᠤᠷᠪᠠᠳᠤᠭᠠᠷ ᠬᠥᠪᠡᠭᠦᠨ ᠡᠩ ᠲᠡᠷᠢᠭᠦᠨ ᠲᠡᠭᠷᠢ ᠶ᠋ᠢᠨ ᠦᠷᠡᠰ ᠪᠥᠷᠲᠡ ᠴᠢᠨᠣ᠎ᠠ ᠵᠢᠳ ᠦ᠋ᠨ ᠬᠦᠩᠬᠦ ᠶ᠋ᠢᠨ ᠨᠤᠲᠤᠭ ᠲᠤ᠌ ᠨᠡᠭᠦᠵᠦ᠂ ᠲᠡᠭᠦᠨᠴᠡ ᠲᠠᠩᠭᠢᠰ ᠳᠠᠯᠠᠢ ᠶ᠋ᠢ ᠭᠡᠲᠦᠯᠦᠨ ᠳᠣᠷᠣᠨ᠎ᠠ ᠵᠦᠭ ᠮᠣᠷᠳᠠᠵᠤ᠂ ᠭᠤᠸ᠎ᠠ ᠮᠠᠷᠠᠯ ᠬᠠᠲᠤᠨ ᠢ᠋ ᠠᠪᠴᠤ ᠪᠠᠢᠭᠠᠯ ᠮᠥᠷᠡᠨ ᠦ᠌ ᠬᠢᠵᠠᠭᠠᠷ᠎ᠠ ᠪᠤᠷᠬᠠᠨ ᠭᠠᠯᠳᠤᠨ᠎ᠠ ᠬᠡᠮᠡᠬᠦ ᠠᠭᠤᠯᠠᠨ ᠤ᠋ ᠥᠪᠥᠷ ᠲᠣᠷ ᠪᠧᠲ᠋ᠠ᠋ ᠨᠡᠷᠡᠲᠦ ᠤᠯᠤᠰ ᠲᠤᠷ ᠬᠠᠭᠠᠨ ᠪᠣᠯᠵᠤ ᠶᠢᠰᠦᠨ ᠦᠶ᠎ᠡ ᠤᠯᠠᠷᠢᠭᠠᠳ ᠪᠣᠷᠵᠢᠭᠢᠳᠠᠢ ᠮᠡᠷᠭᠡᠨ ᠢ᠋ ᠲᠥᠷᠥᠪᠡ᠃ ᠡᠭᠦᠨ ᠦ᠌ ᠬᠥᠪᠡᠭᠦᠨ ᠲᠤᠷᠭᠠᠯᠵᠢᠨ ᠪᠠᠶᠠᠨ᠂ ᠡᠭᠦᠨ ᠦ᠌ ᠬᠣᠶᠠᠳᠤᠭᠠᠷ ᠬᠥᠪᠡᠭᠦᠨ ᠳᠣᠪᠣ ᠮᠡᠷᠭᠡᠨ᠂ ᠡᠭᠦᠨ ᠦ᠌ ᠲᠠᠪᠤᠳᠤᠭᠠᠷ ᠬᠥᠪᠡᠭᠦᠨ ᠳᠡᠳ᠋ ᠤᠳᠠᠭ᠎ᠠ ᠲᠡᠭᠷᠢ ᠶ᠋ᠢᠨ ᠦᠷᠡᠰ ᠪᠣᠳᠣᠨᠴᠢᠷ᠂ ᠡᠭᠦᠨ ᠦ᠌ ᠦᠷ᠎ᠡ ᠪᠧᠲ᠋ᠠ᠋ ᠳ᠋ᠤᠷ ᠬᠤᠯᠤᠨᠴᠠ ᠨᠠᠷ ᠢ᠋ᠶ᠋ᠠᠷ ᠪᠣᠷᠵᠢᠭᠢᠳ ᠣᠪᠣᠭᠲᠠᠨ ᠪᠣᠯᠤᠯᠤᠭ᠎ᠠ᠃ ᠡᠨᠡ ᠪᠣᠳᠣᠨᠴᠠᠷ ᠲᠡᠭᠷᠢ ᠶ᠋ᠢᠨ ᠬᠥᠪᠡᠭᠦᠨ ᠡᠴᠡ ᠤᠯᠠᠮᠵᠢᠯᠠᠭᠰᠠᠨ ᠠᠨᠤ ᠮᠥᠨ ᠪᠣᠳᠣᠨᠴᠠᠷ ᠬᠠᠭᠠᠨ ᠤ᠋ ᠬᠥᠪᠡᠭᠦᠨ ᠬᠠᠪᠢᠵᠠᠢ ᠪᠠᠭᠠᠲᠤᠷ ᠬᠠᠭᠠᠨ᠂ ᠡᠭᠦᠨ ᠦ᠌ ᠬᠥᠪᠡᠭᠦᠨ ᠪᠠᠬᠢᠷ ᠪᠠᠭᠠᠲᠤᠷ ᠬᠠᠨ᠂ ᠡᠭᠦᠨ ᠦ᠌ ᠬᠥᠪᠡᠭᠦᠨ ᠮᠠᠾᠠᠳᠤᠳᠠᠨ ᠮᠡᠩᠭᠡ ᠬᠠᠭᠠᠨ᠂ ᠡᠭᠦᠨ ᠦ᠌ ᠬᠥᠪᠡᠭᠦᠨ ᠭᠠᠭᠴᠠᠬᠠᠨ ᠬᠦᠯᠦᠭ ᠬᠠᠢᠳᠤ ᠬᠠᠭᠠᠨ᠂ ᠡᠭᠦᠨ ᠦ ᠬᠥᠪᠡᠭᠦᠨ ᠪᠠᠶᠠᠰᠤᠩᠭᠤᠷ ᠬᠠᠭᠠᠨ᠂ ᠡᠭᠦᠨ ᠦ᠌ ᠬᠥᠪᠡᠭᠦᠨ ᠡᠯᠦᠨᠴᠡ ᠡᠪᠦᠭᠡ ᠬᠠᠪᠤᠯ ᠬᠠᠭᠠᠨ᠂ ᠡᠭᠦᠨ ᠦ᠌ ᠬᠥᠪᠡᠭᠦᠨ ᠡᠪᠦᠭᠡ ᠪᠠᠷᠳᠠᠮ ᠪᠠᠭᠠᠲᠤᠷ ᠡᠵᠡᠨ᠂ ᠡᠭᠦᠨ ᠦ᠌ ᠬᠥᠪᠡᠭᠦᠨ ᠴᠢᠬᠢᠷᠡᠭ ᠪᠠᠭᠠᠲᠤᠷ – ᠯᠢᠶ᠋ᠸ ‍ᠽᠦ ᠶᠢᠰᠦᠭᠡᠢ ᠪᠠᠭᠠᠲᠤᠷ ᠬᠠᠭᠠᠨ ᠡᠴᠢᠭᠡ ᠮᠥᠨ ᠪᠤᠶᠤ᠃ ᠡᠨᠡ ᠶᠢᠰᠦᠨ ᠦᠶ᠎ᠡ ᠳ᠋ᠦ᠍ᠷ ᠪᠧᠲ᠋ᠠ᠋ ᠤᠯᠤᠰ ᠤ᠋ᠨ ᠡᠵᠡᠨ ᠪᠣᠯᠤᠨ ᠶᠠᠪᠤᠵᠤ ᠮᠢᠨᠦ ᠡᠬᠡ ᠦᠯᠡᠭᠦᠦ ᠢᠷᠦᠭᠡᠯᠲᠦ ᠲᠠᠢᠬᠡᠦ ᠮᠢᠨᠦ ᠪᠡᠶ᠎ᠡ ᠶ᠋ᠢ ᠪᠠᠳᠠᠷᠠᠩᠭᠤᠢ ᠴᠠᠭᠠᠨ ᠰᠦᠯᠳᠡ ᠲᠡᠭᠷᠢ ᠡᠴᠡ ᠣᠯᠵᠤ᠂ ᠮᠡᠬᠦᠰ ᠬᠥᠮᠦᠨ ᠨᠠᠮᠠᠶ᠋ᠢ ᠲᠥᠷᠥᠭᠡᠳ ᠮᠢᠨᠦ ᠪᠡᠶ᠎ᠡ ᠠᠷᠪᠠᠨ ᠭᠤᠷᠪᠠᠨ ᠨᠠᠰᠤᠨ ᠠ᠋ᠴᠠ ᠯᠢᠶ᠋ᠸ ‍ᠽᠦ ᠳᠡᠭᠡᠳᠦ ᠪᠠᠭᠠᠲᠤᠷ ᠬᠠᠭᠠᠨ ᠡᠴᠢᠭᠡ ᠶ᠋ᠢᠨ ᠦᠰ ᠢ᠋ ᠠᠪᠴᠤ ᠳᠠᠭᠠᠯᠳᠤᠭ᠎ᠠ ᠳᠥᠷᠪᠡᠨ ᠵᠦᠭ ᠢ᠋ ᠳᠠᠯᠠᠨ ᠬᠡᠳᠦᠨ ᠰᠠᠮᠠᠭᠤᠨ ᠤᠯᠤᠰ᠂ ᠠᠷᠪᠠᠨ ᠬᠣᠶᠠᠷ ᠳᠤᠷ᠎ᠠ ᠪᠠᠷ ᠪᠠᠢᠭᠰᠠᠨ ᠬᠠᠭᠠᠨ ᠢ᠋ ᠳᠠᠢᠯᠠᠵᠤ᠂ ᠭᠤᠴᠢᠨ ᠬᠣᠶᠠᠷ ᠵᠢᠯ ᠵᠢᠳᠬᠦᠵᠦ ᠤᠮᠠᠷᠠᠲᠤ ᠭᠠᠵᠠᠷ ᠢ᠋ ᠡᠩᠬᠡ ᠲᠦᠪᠰᠢᠨ ᠨᠢᠭᠡᠨ ᠭᠡᠷ ᠪᠣᠯᠭᠠᠭᠰᠠᠨ ᠳ᠋ᠤᠷ ᠲᠦᠮᠡᠨ ᠤᠯᠤᠰ ᠤ᠋ᠨ ᠨᠡᠢᠲᠡ ᠪᠡᠷ ᠮᠡᠬᠦᠰ ᠬᠥᠮᠦᠨ ᠨᠠᠮᠠᠢ ᠡᠷᠳᠡᠮ ᠦᠭᠡᠢ ᠪᠥᠭᠡᠲᠡᠯ᠎ᠡ ᠡᠭᠡᠨᠡᠭᠲᠡ ᠳᠠᠢᠰᠤᠨ ᠢ᠋ ᠳᠠᠷᠤᠵᠤ ᠲᠦᠮᠡᠨ ᠭᠠᠵᠠᠷ ᠢ᠋ ᠠᠮᠤᠷ ᠪᠣᠯᠭᠠᠪᠠ ᠭᠡᠮᠡᠨ ᠣᠯᠠᠨ ᠢ᠋ ᠠᠮᠤᠭᠤᠯᠬᠤ ᠶ᠋ᠢᠨ ᠲᠤᠯᠠ ᠡᠷᠡᠯᠡᠨ ᠡᠷᠭᠦᠵᠦ᠂ ᠬᠠᠭᠠᠨ ᠰᠠᠭᠤᠷᠢᠨ ᠳ᠋ᠤᠷ ᠰᠠᠭᠤᠯᠭᠠᠵᠤ ᠤᠯᠤᠰ ᠤ᠋ᠨ ᠨᠡᠷ᠎ᠡ ᠶ᠋ᠢ ᠬᠦᠨᠳᠦᠯᠡᠭᠳᠡᠬᠦᠢ ᠶ᠋ᠢᠨ ᠳᠡᠭᠡᠳᠦ 《ᠬᠥᠬᠡ ᠮᠣᠩᠭᠣᠯ ᠤᠯᠤᠰ 》ᠭᠡᠮᠡᠨ ᠬᠠᠯᠠᠵᠤ᠂ ᠮᠢᠨᠦ ᠪᠡᠶ᠎ᠡ ᠶ᠋ᠢ ᠬᠤᠪᠢᠯᠭᠠᠨ ᠰᠢᠪᠠᠭᠤᠨ ᠤ᠋ ᠴᠢᠩᠭᠢᠰ ᠭᠡᠮᠡᠨ ᠳᠣᠩᠭᠣᠳᠤᠭᠰᠠᠨ ᠪᠡᠯᠭᠡ ᠪᠡᠷ ᠴᠢᠩᠭᠢᠰ ᠬᠠᠭᠠᠨ ᠭᠡᠮᠡᠨ ᠨᠡᠷᠡᠢᠳᠪᠡ᠃ ᠲᠡᠢᠨ ᠬᠦ᠌ ᠮᠡᠬᠦᠰ ᠬᠥᠮᠦᠨ ᠪᠢ ᠵᠠᠭᠤᠨ ᠲᠦᠮᠡᠨ ᠤᠯᠤᠰ ᠢᠷᠭᠡᠨ ᠦ᠌ ᠲᠤᠯᠠ ᠵᠦᠳᠡᠵᠦ ᠵᠣᠪᠠᠬᠤᠢ ᠶ᠋ᠢ ᠦᠯᠦ ᠰᠠᠨᠠᠨ ᠠᠷᠭ᠎ᠠ ᠦᠭᠡᠢ ᠲᠡᠭᠷᠢ ᠶ᠋ᠢᠨ ᠪᠣᠱᠣᠭ ᠰᠣᠶᠣᠷᠬᠠᠯ ᠢ᠋ ᠳᠠᠭᠠᠵᠤ ᠪᠡᠯᠭᠡ ᠲᠡᠮᠳᠡᠭ ᠢ᠋ ᠬᠦᠯᠢᠶᠡᠨ ᠠᠶᠤᠮᠰᠢᠭ᠋ ᠦᠭᠡᠢ ᠲᠡᠭᠷᠢ ᠶ᠋ᠢ ᠮᠣᠰᠬᠢᠬᠤ ᠦᠭᠡᠢ ᠬᠠᠭᠠᠨ ᠣᠷᠣᠨ ᠳ᠋ᠤᠷ ᠰᠠᠭᠤᠵᠤ ᠬᠣᠯᠠ ᠣᠢᠷ᠎ᠠ ᠤᠯᠤᠰ ᠠᠢᠮᠠᠭ ᠲᠤᠷ ᠵᠠᠷᠯᠠᠨ ᠰᠣᠨᠣᠰᠬᠠᠪᠠ᠃ ᠲᠣᠪᠴᠢᠯᠠᠪᠠᠰᠤ ᠲᠡᠭᠷᠢ ᠲᠣᠢ ᠰᠥᠷᠦᠭᠴᠢᠳ ᠢ᠋ ᠮᠡᠬᠦᠰ ᠬᠥᠮᠦᠨ ᠡᠷᠬᠡᠪᠰᠢ ᠪᠡᠶ᠎ᠡ ᠪᠡᠷ ᠳᠠᠢᠯᠠᠨ ᠠᠷᠢᠯᠭᠠᠮᠤᠢ ᠂ ᠲᠡᠭᠷᠢ ᠶ᠋ᠢ ᠳᠠᠭᠠᠨᠴᠢᠳ ᠢ᠋ ᠮᠡᠬᠦᠰ ᠬᠥᠮᠦᠨ ᠬᠦᠨᠳᠦᠳᠬᠡᠨ ᠡᠷᠭᠦᠮᠦᠢ᠃ ᠡᠭᠦᠨ ᠦ᠌ ᠲᠤᠯᠠ ᠮᠠᠨ ᠤ᠋ ᠶᠡᠬᠡ ᠮᠣᠩᠭᠣᠯ ᠤᠯᠤᠰ ᠠ᠋ᠴᠠ ᠳᠠᠷᠠᠭᠠᠯᠠᠨ ᠰᠥᠩ ᠤᠯᠤᠰ᠂ ᠠᠯᠲᠠᠨ ᠤᠯᠤᠰ ᠵᠢᠴᠢ ᠯᠢᠶᠣᠤ ᠤᠯᠤᠰ᠂ ᠴᠧ ‍ᠨ ᠤᠯᠤᠰ᠂ ᠰᠢᠶᠠ ᠤᠯᠤᠰ᠂ ᠰᠣᠯᠤᠩᠭᠤᠳ ᠤᠯᠤᠰ ᠲᠤᠷ ᠬᠦᠷᠲᠡᠯ᠎ᠡ ᠵᠠᠷᠯᠠᠨ ᠰᠣᠨᠣᠰᠬᠠᠨ ᠶᠠᠪᠤᠭᠤᠯᠪᠠ ᠬᠡᠮᠡᠵᠦᠬᠦᠢ᠃ ᠲᠡᠳᠦᠢ ᠪᠢᠴᠢᠭ ᠲᠠᠮᠠᠭ᠎ᠠ ᠶ᠋ᠢᠨ ᠡᠷᠬᠢᠯᠡᠭᠰᠡᠨ ᠰᠠᠢᠳ ᠳᠠᠴᠢᠩᠬᠣᠷᠯᠤ᠂ ᠢᠯᠠᠭᠤᠭᠰᠠᠨ᠂ ᠳ᠋ᠠᠳᠠᠳᠤᠩᠭ᠎ᠠ᠂ ᠵᠠᠮᠪᠠᠯ᠂ ᠰᠠᠢᠬᠠᠨ ᠰᠤᠷᠲᠠᠯᠲᠤ ᠨᠠᠷ ᠨᠡᠢᠯᠡᠵᠦ ᠭᠠᠵᠠᠷ ᠪᠦᠷᠢ ᠶ᠋ᠢᠨ ᠦᠰᠦᠭ ᠢ᠋ᠶ᠋ᠡᠷ ᠬᠠᠭᠤᠯᠤᠨ ᠭᠠᠷᠭᠠᠵᠤ᠂ ᠬᠣᠯᠠ ᠣᠢᠷ᠎ᠠ᠂ ᠭᠠᠳᠠᠨ᠎ᠠ ᠳᠣᠲᠣᠨ᠎ᠠ᠂ ᠬᠢᠲᠠᠳ᠂ ᠲᠥᠪᠡᠳ᠂ ᠪᠠᠯᠪᠤ᠂ ᠬᠣᠲᠣᠩᠭᠤᠳ᠂ ᠬᠣᠯᠤᠩᠭᠤᠳ᠂ ᠲᠠᠩᠭᠤᠳ᠂ ᠬᠠᠱᠠᠭᠠᠷ᠂ ᠰᠣᠯᠤᠩᠭᠤᠳ ᠵᠡᠷᠭᠡ ᠶᠡᠬᠡ ᠤᠯᠤᠰ ᠲᠤᠷ ᠵᠦᠭ ᠪᠦᠷᠢ ᠪᠡᠯᠡᠭ ᠪᠠᠷᠢᠭᠤᠯᠤᠨ ᠵᠣᠣ ᠪᠢᠴᠢᠭ ᠢ᠋ ᠲᠠᠷᠬᠠᠭᠠᠨ ᠶᠠᠪᠤᠭᠤᠯᠪᠠ᠃ ᠡᠭᠦᠨ ᠡᠴᠡ ᠣᠳᠣ ᠵᠠᠯᠭᠠᠨ ᠮᠡᠳᠡᠰᠦᠭᠡᠢ ᠬᠡᠮᠡᠪᠡᠰᠦ᠂ ᠰᠤᠳᠤᠷᠴᠢ ᠲᠦᠰᠢᠮᠡᠯ ᠮᠢᠨᠦ ᠰᠠᠯᠠᠷ ᠬᠤᠢ ᠬᠤᠢ ᠶ᠋ᠢᠨ ᠴᠡᠷᠢᠭ ᠦ᠋ᠨ ᠮᠡᠳᠡᠭᠡ ᠶ᠋ᠢ ᠯᠠᠪᠯᠠᠨ ᠵᠠᠯᠭᠠᠨ ᠪᠢᠴᠢᠭᠰᠡᠨ ᠢ᠋ ᠦᠵᠡᠭᠳᠡᠬᠦᠢ᠃  

ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠤ :    
             ᠳᠡᠯᠡᠬᠡᠢ ᠳ᠋ᠠᠬᠢᠨ ᠢ᠋ ᠨᠡᠢᠭᠡᠮ ᠢ᠋ ᠡᠵᠡᠯᠡᠬᠦᠶ᠎ᠡ ᠦᠨᠡᠨ ᠪᠣᠭᠳᠠ ᠰᠠᠶᠢ ᠴᠢᠳᠠᠬᠤ ᠪᠤᠶᠤ 
             ᠳᠡᠭᠡᠷ᠎ᠡ ᠳᠣᠣᠷ᠎ᠠ ᠶ᠋ᠢ ᠬᠠᠮᠲᠤ ᠵᠠᠰᠠᠭᠯᠠᠬᠤᠶ᠎ᠠ ᠴᠣᠬᠣᠮ ᠲᠡᠭᠷᠢ ᠶ᠋ᠢᠨ ᠬᠥᠪᠡᠭᠦᠨ ᠲᠥᠰᠦᠭᠡᠯᠡᠬᠦ ᠪᠣᠯᠠᠢ᠂ 
             ᠳᠡᠭᠡᠷᠡᠩᠭᠦᠢ ᠠᠳᠬᠠᠭᠲᠤ ᠬᠢᠲᠠᠳ ᠬᠡᠳᠦᠢ ᠮᠣᠩᠭᠣᠯ ᠢ᠋ ᠳᠣᠷᠣᠮᠵᠢᠯᠠᠨ ᠪᠢᠴᠢᠵᠦ ᠦᠯᠡᠳᠡᠭᠡᠬᠦ ᠪᠣᠯᠪᠠᠴᠤ 
             ᠳᠡᠯᠭᠡᠷᠡᠭᠰᠡᠨ ᠶᠤᠸᠠᠨ ᠤ᠋ ᠬᠠᠭᠠᠨ ᠪᠣᠯᠤᠭᠰᠠᠨ ᠢ᠋ ᠡᠭᠡᠨᠡᠭᠲᠡ ᠬᠠᠰᠤᠵᠤ ᠡᠰᠡ ᠴᠢᠳᠠᠭᠰᠠᠨ ᠢ᠋ ᠬᠡᠷᠬᠢᠶ᠎ᠡ !