ᠬᠥᠬᠡ ᠰᠤᠳᠤᠷ - ᠢᠨᠵᠠᠨᠨᠠᠰᠢ < ᠬᠣᠷᠢᠨ ᠵᠢᠷᠭᠤᠳᠤᠭᠠᠷ ᠪᠦᠯᠦᠭ > Хөх судар - Инжинаш <Хорин зургадугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠬᠣᠷᠢᠨ ᠵᠢᠷᠭᠤᠳᠤᠭᠠᠷ ᠪᠦᠯᠦᠭ > Хөх судар - Инжинаш <Хорин зургадугаар бүлэг >

ᠬᠥᠬᠡ ᠰᠤᠳᠤᠷ - ᠢᠨᠵᠠᠨᠨᠠᠰᠢ < ᠬᠣᠷᠢᠨ ᠵᠢᠷᠭᠤᠳᠤᠭᠠᠷ ᠪᠦᠯᠦᠭ > Хөх судар - Инжинаш <Хорин зургадугаар бүлэг >

ᠠᠩᠭᠢᠯᠠᠯ:ᠲᠡᠦᠬᠡ ᠰᠣᠶᠣᠯ
2023-08-21

214

ᠬᠠᠯᠵᠢᠨ᠎ᠠ ᠶ᠋ᠢᠨ ᠳᠠᠪᠠᠭᠠᠨ᠎ᠠ ᠲᠠᠢᠽᠦ ᠪᠣᠭᠳᠠ ᠥᠷᠥᠰᠢᠶᠡᠯ ᠨᠤᠲᠠ ᠪᠠᠷ ᠪᠠᠢᠯᠳᠤᠵᠤ ᠮᠡᠷᠭᠡᠨ ᠢ᠋ᠶ᠋ᠡᠨ ᠦᠵᠡᠭᠦᠯᠪᠡ

ᠭᠠᠯᠵᠠᠭᠤ ᠮᠦᠷᠡᠨ᠎ᠡ ᠥᠨᠳᠥᠷ ᠰᠡᠴᠡᠨ ᠦᠨᠡᠨᠴᠢ ᠰᠢᠳᠤᠷᠭᠤ ᠪᠠᠷ ᠤᠷᠤᠭᠰᠢᠯᠠᠵᠤ ᠵᠢᠷᠤᠮ ᠢ᠋ᠶ᠋ᠠᠨ ᠭᠦᠢᠴᠡᠳᠬᠡᠪᠡ

   
                     ᠬᠣᠷᠢᠨ ᠵᠢᠷᠭᠤᠳᠤᠭᠠᠷ ᠪᠦᠯᠦᠭ 
                            ᠰᠥᠩ ᠨᠢᠩᠽᠦ᠋ᠩ ᠦ᠋ᠨ ᠴᠢᠩ ᠶᠤᠸᠠᠨ ᠤ᠋  ᠳᠥᠷᠪᠡᠳᠦᠭᠡᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠴᠧᠩ ᠠᠨ ᠤ᠋  
                                     ᠭᠤᠷᠪᠠᠳᠤᠭᠠᠷ ᠣᠨ᠂ ᠲᠠᠢᠽᠦ ᠭᠤᠴᠢᠨ ᠳᠣᠯᠣᠭᠠᠨ ᠰᠡᠭᠦᠳᠡᠷ ᠲᠡᠢ᠂ ᠰᠢᠷ᠎ᠠ ᠮᠣᠷᠢᠨ ᠵᠢᠯ ᠢ᠋ᠶ᠋ᠡᠷ ᠪᠠᠢᠭᠰᠠᠭᠠᠷ᠂ ᠡᠨᠡ ᠵᠢᠯ ᠦ᠋ᠨ ᠬᠡᠷᠡᠭ ᠣᠯᠠᠨ
                                          
               ᠬᠠᠯᠵᠢᠨ᠎ᠠ ᠶ᠋ᠢᠨ ᠳᠠᠪᠠᠭᠠᠨ᠎ᠠ ᠲᠠᠢᠽᠦ  ᠪᠣᠭᠳᠠ ᠥᠷᠥᠰᠢᠶᠡᠯ ᠨᠤᠲᠠ ᠪᠠᠷ ᠪᠠᠢᠯᠳᠤᠵᠤ ᠮᠡᠷᠭᠡᠨ ᠢ᠋ᠶ᠋ᠡᠨ ᠦᠵᠡᠭᠦᠯᠪᠡ 
               ᠭᠠᠯᠵᠠᠭᠤ ᠮᠦᠷᠡᠨ᠎ᠡ ᠥᠨᠳᠥᠷ ᠰᠡᠴᠡᠨ ᠦᠨᠡᠨᠴᠢ ᠰᠢᠳᠤᠷᠭᠤ ᠪᠠᠷ ᠤᠷᠤᠭᠰᠢᠯᠠᠵᠤ ᠵᠢᠷᠤᠮ ᠢ᠋ᠶ᠋ᠠᠨ ᠭᠦᠢᠴᠡᠳᠬᠡᠪᠡ     
                          
                            ᠪᠦᠲᠦᠬᠦ ᠤᠯᠤᠰ ᠤ᠋ᠨ ᠡᠵᠡᠨ ᠰᠠᠢᠳ ᠯᠤᠤ ᠪᠠᠷᠰ ᠮᠡᠲᠦ   
                            ᠪᠦᠷᠢᠯᠬᠦ ᠲᠥᠷᠥ ᠶ᠋ᠢᠨ ᠡᠴᠢᠭᠡ ᠬᠥᠪᠡᠭᠦᠨ ᠣᠯᠢᠭ ᠭᠣᠯᠢᠭ ᠠᠳᠠᠯᠢ ᠂   
                            ᠪᠥᠬᠥᠢᠵᠦ ᠤᠷᠤᠭᠰᠢᠯᠠᠭᠰᠠᠨ ᠥᠨᠳᠥᠷ ᠰᠡᠴᠡᠨ ᠦᠶ᠎ᠡ ᠤᠯᠠᠷᠢᠨ ᠵᠢᠷᠤᠮᠲᠠᠢ    
                            ᠪᠥᠭᠰᠢᠵᠦ ᠤᠬᠤᠷᠢᠭᠰᠠᠨ ᠦᠯᠬᠦ ᠶ᠋ᠢᠨ ᠵᠦᠨᠳᠠᠢ ᠦᠨᠡᠨ ᠢ᠋ᠶ᠋ᠡᠷ ᠠᠯᠠᠯᠲᠠᠢ ! 

       ᠲᠡᠨᠳᠡᠴᠡ ᠲᠠᠢᠽᠦ ᠶ᠋ᠢᠨ ᠴᠢᠰᠤ ᠳᠥᠷᠪᠡᠨ ᠳᠡᠭᠦᠦ ᠨᠠᠷ ᠤ᠋ᠨ ᠴᠢᠰᠤ ᠯᠤᠭ᠎ᠠ ᠦᠯᠦ ᠨᠡᠢᠯᠡᠬᠦ ᠶ᠋ᠢ ᠦᠵᠡᠭᠡᠳ ᠥᠪᠡᠷ ᠦ᠋ᠨ ᠪᠡᠶ᠎ᠡ ᠶ᠋ᠢ ᠰᠠᠶᠢ ᠵᠡᠭᠦᠳᠦᠨ ᠦ᠌ ᠪᠠᠳᠠᠷᠠᠩᠭᠤᠢ ᠴᠠᠭᠠᠨ ᠲᠡᠭᠷᠢ ᠡᠴᠡ ᠣᠯᠪᠠ ᠬᠡᠮᠡᠬᠦ ᠶ᠋ᠢ ᠰᠡᠵᠢᠭ ᠦᠭᠡᠢ ᠦᠨᠡᠮᠰᠢᠶᠡᠨ ᠢᠲᠡᠭᠡᠮᠵᠢᠯᠡᠵᠦ᠂ ᠰᠡᠵᠢᠭ ᠢ᠋ᠶ᠋ᠡᠨ ᠲᠠᠰᠤᠯᠵᠤ᠂ ᠣᠯᠠᠨ ᠤ᠋ ᠳᠤᠷᠠᠳᠬᠠᠭᠰᠠᠨ ᠶᠣᠰᠣᠭᠠᠷ ᠣᠶᠤᠲᠤ ᠰᠡᠴᠡᠨ ᠦ᠌ ᠣᠯᠠᠨ ᠦᠵᠦᠭ ᠢ᠋ᠶ᠋ᠡᠷ ᠬᠥᠬᠡ ᠰᠤᠳᠤᠷ ᠲᠤᠷ ᠲᠡᠮᠳᠡᠭᠯᠡᠭᠡᠳ ᠵᠣᠭᠰᠣᠯ ᠦᠭᠡᠢ ᠴᠡᠷᠢᠭ ᠢ᠋ᠶ᠋ᠡᠨ ᠠᠪᠴᠤ ᠭᠠᠯᠠᠭᠤᠲᠤ ᠠᠭᠤᠯᠠᠨ᠎ᠠ ᠳᠣᠪᠲᠣᠯᠤᠨ ᠬᠦᠷᠪᠡᠰᠦ᠂ ᠬᠡᠷᠡᠢᠳ ᠦ᠋ᠨ ᠴᠡᠷᠢᠭ ᠬᠠᠰᠠᠷ ᠤ᠋ᠨ ᠬᠠᠲᠤᠳ ᠬᠥᠪᠡᠭᠦᠳ ᠪᠠ ᠬᠠᠮᠤᠭ ᠪᠦᠬᠦᠨ ᠢ᠋ ᠠᠪᠴᠤ ᠳᠡᠨᠵᠢ ᠪᠣᠯᠭᠠᠷ᠎ᠠ ᠠᠪᠠᠴᠢᠵᠤ ᠴᠡᠷᠢᠭ ᠡᠭᠡᠭᠰᠡᠭᠡᠷ ᠲᠠᠪᠤᠨ ᠡᠳᠦᠷ ᠪᠣᠯᠪᠠ ᠬᠡᠮᠡᠬᠦᠢ ᠳ᠋ᠦ᠍ᠷ ᠲᠠᠢᠽᠦ ᠲᠡᠷᠢᠭᠦᠯᠡᠨ ᠬᠥᠯ ᠳᠡᠪᠰᠡᠨ ᠭᠠᠰᠠᠯᠤᠯᠴᠠᠵᠤ᠂ ᠨᠡᠬᠡᠵᠦ ᠡᠴᠢᠰᠦᠭᠡᠢ ᠭᠡᠮᠡᠨ ᠴᠡᠷᠢᠭ ᠢ᠋ᠶ᠋ᠡᠨ ᠲᠡᠭᠰᠢᠯᠡᠪᠡ᠃ ᠬᠣᠯᠠᠳᠠᠬᠢ ᠠᠳᠤᠭᠤᠨ ᠤ᠋ ᠲᠠᠭᠠᠮᠠᠯ ᠴᠠᠭᠯᠠᠰᠢ ᠨᠡᠷᠡᠲᠦ ᠲᠤᠷᠰᠢᠭᠤᠯ ᠢᠷᠡᠵᠦ ᠮᠡᠳᠡᠭᠦᠯᠦᠷᠦᠨ : 《ᠬᠡᠷᠡᠢᠳ ᠦ᠋ᠨ ᠴᠡᠷᠢᠭ ᠵᠠᠬ᠎ᠠ ᠳ᠋ᠤᠷ ᠢ᠋ᠶ᠋ᠠᠨ ᠣᠷᠣᠲᠠᠯ᠎ᠠ ᠴᠠᠭᠠᠨ᠎ᠠ ᠠ᠋ᠴᠠ ᠭᠤᠷᠪᠠᠨ ᠲᠦᠮᠡᠨ ᠴᠡᠷᠢᠭ ᠢ᠋ ᠬᠤᠸᠠᠩ  ᠲᠠᠢᠽᠢ ᠰᠢᠨ᠎ᠡ ᠸᠠᠩ ᠠᠨᠤ ᠠᠪᠴᠤ ᠤᠴᠠᠷᠠᠭᠠᠳ ᠡᠭᠡᠵᠦ ᠠᠢᠰᠤᠢ᠂ ᠬᠠᠰᠠᠷ ᠨᠣᠶᠠᠨ ᠤ᠋ ᠭᠡᠷ ᠦ᠋ᠨ ᠠᠮᠠ ᠶ᠋ᠢ ᠨᠤᠲᠤᠭ ᠲᠠᠭᠠᠨ ᠬᠦᠷᠭᠡᠭᠦᠯᠪᠡ᠂ ᠰᠣᠨᠣᠰᠬᠤᠯ᠎ᠠ ᠲᠡᠳᠡᠨ ᠦ᠌ ᠰᠣᠯᠤᠩᠭᠤᠸ᠎ᠠ ᠭᠦᠩᠵᠦ ᠢᠨᠣ ᠳᠠᠯᠳᠠᠭᠤᠷ ᠫᠣᠯᠭᠣᠳᠠᠢ ᠶ᠋ᠢ ᠢᠯᠡᠭᠡᠵᠦ ᠬᠠᠷᠠᠭᠠᠯᠵᠠᠭᠤᠯᠤᠨ ᠬᠠᠮᠠᠭᠠᠯᠠᠭᠰᠠᠨ ᠢ᠋ᠶ᠋ᠠᠷ ᠲᠡᠳᠡᠨ ᠦ᠌ ᠣᠯᠢᠨᠲᠠᠢ ᠭᠣᠯᠢᠨᠲᠠᠢ ᠲᠠᠢᠰᠢ ᠲᠠᠢᠪᠤᠤ ᠠᠨᠤ ᠬᠠᠯᠳᠠᠵᠤ ᠴᠢᠳᠠᠭᠰᠠᠨ ᠦᠭᠡᠢ ᠬᠡᠮᠡᠮᠦ᠃ ᠲᠡᠳᠡᠨ ᠦ᠌ ᠡᠪᠡᠳᠴᠦ ᠬᠣᠴᠣᠷᠤᠭᠰᠠᠨ ᠴᠡᠷᠢᠭ ᠡᠴᠡ ᠣᠯᠵᠤ ᠰᠣᠨᠣᠰᠪᠠ᠃ ᠸᠠᠩ ᠬᠠᠭᠠᠨ ᠠᠨᠤ ᠠᠷᠪᠠᠨ ᠲᠦᠮᠡᠨ ᠦ᠌ ᠶᠡᠬᠡ ᠴᠡᠷᠢᠭ ᠢ᠋ᠶ᠋ᠡᠨ ᠠᠪᠴᠤ ᠬᠣᠢᠨ᠎ᠠ ᠠᠨᠤ ᠶᠠᠪᠤᠮᠤᠢ ᠬᠡᠮᠡᠮᠦᠢ᠃ 》  
       ᠦᠵᠡᠰᠡ ᠸᠠᠩ ᠬᠠᠭᠠᠨ ᠤ᠋ ᠪᠡᠶ᠎ᠡ ᠡᠰᠡ ᠭᠠᠷᠪᠠᠰᠤ ᠣᠯᠠᠨ ᠠᠢᠮᠠᠭ ᠤ᠋ᠳ ᠤ᠋ᠨ ᠴᠡᠷᠢᠭ ᠬᠦᠴᠦᠯᠡᠬᠦ ᠦᠭᠡᠢ ᠲᠤᠯᠠ ᠵᠠᠮᠤᠬ᠎ᠠ ᠠᠷᠭ᠎ᠠ ᠭᠠᠷᠭᠠᠵᠤ ᠠᠯᠲᠠᠨ ᠤᠯᠤᠰ ᠤ᠋ᠨ ᠵᠠᠩᠽᠦ᠋ᠩ ᠬᠠᠭᠠᠨ ᠸᠠᠨ ᠶᠠᠨ ᠵᠢᠩ᠂ ᠪᠸᠲ᠋ᠠ᠋ ᠤᠯᠤᠰ ᠤ᠋ᠨ ᠡᠯᠴᠢ ᠪᠡᠨ ᠢᠴᠢᠭᠡᠭᠰᠡᠨ ᠳ᠋ᠦ᠍ᠷ ᠦᠰ ᠪᠣᠯᠵᠤ᠂ ᠾᠧ ᠸᠠᠩ ᠤ᠋ᠨ ᠵᠠᠩᠵᠤᠨ ᠴᠡᠷᠢᠭ ᠲᠦ᠍ᠷ ᠢᠨᠣ ᠵᠠᠬ᠎ᠠ ᠶ᠋ᠢᠨ ᠭᠠᠳᠠᠨ᠎ᠠ ᠱᠠᠩᠨᠠᠵᠤ᠂ ᠾᠧ ᠸᠠᠩ ᠢ᠋ ᠬᠠᠭᠠᠨ ᠡᠷᠭᠦᠮᠵᠢᠯᠡᠨ ᠪᠠᠰᠠ ᠵᠣᠣ ᠲᠤᠤ ᠱᠢ ᠶ᠋ᠢᠨ ᠲᠠᠮᠠᠭ᠎ᠠ ᠴᠠᠴᠤᠭ ᠥᠭᠴᠦ ᠡᠷᠭᠦᠮᠵᠢᠯᠡᠵᠦ᠂ ᠪᠸᠲ᠋ᠠ᠋ ᠤᠯᠤᠰ ᠤ᠋ᠨ ᠴᠡᠷᠢᠭ ᠢ᠋ ᠰᠡᠷᠭᠡᠢᠯᠡᠭᠦᠯᠦᠮᠦᠢ ᠭᠡᠮᠡᠨ ᠮᠡᠬᠡᠯᠡᠨ ᠠᠪᠤᠨ ᠭᠠᠷᠴᠤ ᠢᠷᠡᠬᠦᠢ ᠳ᠋ᠦ᠍ᠷ ᠾᠧ ᠸᠠᠩ ᠤ᠋ᠨ ᠥᠬᠢᠨ ᠢᠨᠦ ᠰᠣᠯᠤᠩᠭᠤᠸ᠎ᠠ ᠯᠠᠪ ᠪᠠᠰᠠ ᠵᠠᠮᠤᠬ᠎ᠠ ᠶ᠋ᠢᠨ ᠠᠷᠭ᠎ᠠ ᠪᠣᠢ ᠊ᠶ᠎ᠠ ᠬᠡᠮᠡᠵᠦ ᠡᠴᠢᠭᠡ ᠪᠡᠨ ᠳᠠᠬᠢᠨ ᠳᠠᠪᠲᠠᠨ ᠬᠣᠷᠢᠭᠯᠠᠲᠠᠯ᠎ᠠ ᠸᠠᠩ ᠬᠠᠭᠠᠨ ᠤ᠋ ᠠᠯᠲᠠᠨ ᠤᠯᠤᠰ ᠤ᠋ᠨ ᠡᠷᠭᠦᠮᠵᠢᠯᠡᠯ ᠢ᠋ ᠬᠦᠰᠡᠬᠦ ᠰᠡᠳᠬᠢᠯ ᠶᠡᠬᠡᠳᠡᠵᠦ᠂ ᠡᠭᠦᠨ ᠳ᠋ᠦ᠍ᠷ ᠣᠭᠲᠣ ᠰᠡᠵᠢᠭᠯᠡᠬᠦ ᠭᠠᠵᠠᠷ ᠦᠭᠡᠢ ᠪᠣᠯᠠᠢ ᠭᠡᠮᠡᠨ ᠭᠠᠷᠴᠤ ᠢᠷᠡᠬᠦᠶ᠎ᠡ᠂ ᠰᠣᠯᠤᠩᠭᠤᠸ᠎ᠠ ᠶ᠋ᠢᠨ ᠳᠣᠲᠣᠷ᠎ᠠ ᠡᠲᠡᠭᠡᠳ ᠨᠢᠭᠡᠨ ᠵᠦᠢᠯ ᠦ᠋ᠨ ᠤᠶᠠᠷᠠᠯ ᠲᠥᠷᠥᠭᠳᠡᠵᠦ᠂ ᠰᠠᠨᠠᠮᠰᠠᠷ ᠦᠭᠡᠶ᠎ᠡ ᠡᠴᠢᠭᠡ ᠥᠬᠢᠨ ᠬᠣᠶᠠᠭᠤᠯᠠ ᠴᠥᠮ ᠨᠢᠯᠪᠤᠰᠤ ᠤᠨᠠᠭᠠᠨ ᠰᠠᠯᠤᠯᠴᠠᠪᠠ᠃ ᠵᠠᠮᠤᠬ᠎ᠠ᠂ ᠸᠠᠩ ᠬᠠᠭᠠᠨ ᠢ᠋ ᠠᠪᠤᠨ ᠭᠠᠷᠴᠤ ᠢᠷᠡᠭᠡᠳ ᠲᠠᠢᠽᠢ ᠢᠯᠠᠭᠤ ᠳ᠋ᠤᠷ ᠥᠭᠦᠯᠡᠷᠦᠨ : 《ᠬᠠᠭᠠᠨ ᠤ᠋ ᠪᠡᠶ᠎ᠡ ᠨᠢᠭᠡᠨᠲᠡ ᠭᠠᠷᠴᠤ ᠢᠷᠠᠪᠠᠰᠤ ᠣᠳᠣ ᠮᠠᠨ ᠤ᠋ ᠵᠣᠷᠢᠭ ᠪᠣᠯᠪᠠ᠂ ᠭᠠᠭᠴᠠ ᠳ᠋ᠤᠷ ᠬᠣᠢᠨ᠎ᠠ ᠶᠠᠪᠤᠭᠤᠯᠵᠤ ᠪᠢᠳᠡ ᠤᠷᠤᠭᠰᠢᠯᠠᠨ ᠣᠷᠣᠰᠤᠭᠠᠢ᠂ ᠳᠥᠷᠪᠡᠨ ᠪᠠᠷᠰ ᠤ᠋ᠨ ᠵᠠᠩᠵᠤᠨ ᠨᠠᠷ ᠣᠯᠠᠨ ᠢ᠋ ᠠᠪᠴᠤ ᠴᠥᠮ ᠪᠸᠲ᠋ᠠ᠋ ᠤᠯᠤᠰ ᠲᠤᠷ ᠬᠦᠷᠴᠦ ᠡᠴᠢᠮᠦᠢ ᠭᠡᠮᠡᠨ ᠰᠢᠬᠠᠮᠳᠠᠭᠤᠯᠪᠠᠰᠤ᠂ ᠮᠠᠨ ᠤ᠋ ᠠᠶ᠎ᠠ ᠶ᠋ᠢ ᠳᠠᠭᠠᠬᠤ ᠦᠭᠡᠢ ᠬᠠᠮᠢᠭᠠᠰᠢ ᠡᠴᠢᠮᠦᠢ ? 》 ᠭᠡᠮᠡᠨ ᠵᠥᠪᠳᠡᠵᠦ ᠲᠣᠭᠲᠠᠭᠠᠳ ᠤᠷᠤᠭᠰᠢᠯᠠᠨ ᠢᠷᠡᠬᠦ ᠠᠵᠤᠭᠤ᠃ 
       ᠲᠡᠳᠦᠢ ᠲᠠᠢᠽᠦ ᠶ᠋ᠢᠨ ᠭᠠᠯᠠᠭᠤᠲᠤ ᠠᠭᠤᠯᠠᠨ ᠳ᠋ᠤᠷ ᠢᠷᠡᠭᠰᠡᠨ ᠢ᠋ ᠰᠣᠨᠣᠰᠴᠤ ᠲᠠᠢᠽᠦ ᠶ᠋ᠢᠨ ᠴᠡᠷᠢᠭ ᠴᠥᠭᠡᠨ ᠢ᠋ ᠮᠡᠳᠡᠵᠦ ᠰᠢᠭᠤᠳ ᠴᠣᠬᠢᠨ ᠢᠷᠡᠬᠦᠶ᠎ᠡ᠂ ᠲᠠᠢᠽᠦ ᠶ᠋ᠢᠨ ᠴᠡᠷᠢᠭ ᠪᠦᠭᠦᠳᠡ ᠶ᠋ᠢ ᠨᠡᠢᠯᠡᠭᠦᠯᠦᠭᠡᠳ ᠭᠤᠷᠪᠠᠨ ᠲᠦᠮᠡᠨ ᠳ᠋ᠦ᠍ᠷ ᠬᠦᠷᠬᠦ ᠦᠭᠡᠢ᠂ ᠬᠡᠷᠡᠢᠳ ᠦ᠋ᠨ ᠴᠡᠷᠢᠭ ᠠᠷᠪᠠᠨ ᠭᠤᠷᠪᠠᠨ ᠲᠦᠮᠡᠨ ᠬᠡᠮᠡᠬᠦᠢ ᠳ᠋ᠦ᠍ᠷ ᠲᠠᠢᠽᠦ ᠶ᠋ᠢᠨ ᠴᠡᠷᠢᠭ ᠶᠡᠬᠡᠯ᠎ᠡ ᠠᠶᠤᠨ᠂ ᠵᠠᠩᠵᠤᠨ ᠨᠠᠷ ᠤ᠋ᠨ ᠴᠢᠷᠠᠢ ᠶ᠋ᠢᠨ ᠥᠩᠭᠡ ᠰᠢᠷᠣᠢ ᠮᠡᠲᠦ ᠪᠣᠯᠪᠠ᠃ ᠡᠨᠡ ᠵᠠᠪᠰᠠᠷ ᠬᠠᠪᠤᠲᠤ ᠬᠠᠰᠠᠷ ᠤ᠋ᠨ ᠬᠠᠲᠤᠳ ᠬᠥᠪᠡᠭᠦᠳ ᠢ᠋ ᠰᠣᠯᠤᠩᠭᠤᠸ᠎ᠠ᠂ ᠫᠤᠯᠭᠣᠳᠠᠢ ᠪᠠᠷ ᠬᠠᠷᠠᠭᠠᠯᠵᠠᠭᠤᠯᠤᠨ ᠰᠠᠬᠢᠭᠤᠯᠵᠤ᠂ ᠤᠯᠤᠰ ᠲᠤᠷ ᠢ᠋ᠶ᠋ᠠᠨ ᠬᠦᠷᠦᠭᠰᠡᠨ ᠳ᠋ᠦ᠍ᠷ ᠰᠤᠯᠤᠩᠭᠤᠸ᠎ᠠ ᠤᠭᠲᠤᠵᠤ᠂ ᠬᠠᠯᠠᠰᠢᠷᠠᠨ ᠭᠠᠰᠠᠯᠵᠤ ᠵᠠᠮᠤᠬ᠎ᠠ ᠶ᠋ᠢ ᠬᠠᠷᠢᠶᠠᠵᠤ ᠥᠭᠦᠯᠡᠷᠦᠨ : 《ᠬᠠᠭᠤᠴᠢᠨ ᠰᠠᠢᠬᠠᠨ ᠢ᠋ ᠡᠪᠳᠡᠭᠦᠯᠵᠦ ᠰᠢᠨ᠎ᠡ ᠥᠰᠢᠶ᠎ᠡ ᠵᠠᠩᠭᠢᠳᠤᠭᠤᠯᠤᠭᠰᠠᠨ ᠬᠠᠷᠭᠢᠰ ᠵᠢᠰᠤᠷ ᠵᠠᠮᠤᠬ᠎ᠠ ᠪᠣᠭᠣᠯ᠂ ᠬᠠᠯᠠᠭᠤ ᠵᠠᠩᠲᠤ ᠠᠬ᠎ᠠ ᠶ᠋ᠢ ᠮᠢᠨᠦ ᠬᠠᠳᠬᠤᠨ ᠬᠥᠬᠢᠭᠡᠵᠦ᠂ ᠬᠠᠰᠠᠷ ᠠᠬ᠎ᠠ ᠯᠤᠭ᠎ᠠ ᠬᠠᠯᠳᠠᠬᠤ ᠶ᠋ᠢ ᠬᠠᠯᠲᠤ ᠮᠥᠯᠲᠥ ᠰᠣᠨᠣᠰᠤᠮᠠᠭᠴᠠ ᠪᠢ ᠬᠠᠭᠠᠵᠤ ᠬᠣᠷᠢᠭᠯᠠᠪᠠᠴᠤ ᠪᠣᠯᠬᠤ ᠦᠭᠡᠢ᠂ ᠬᠠᠯᠳᠠᠬᠤ ᠴᠡᠷᠢᠭ ᠨᠢᠭᠡᠨᠲᠡ ᠮᠣᠷᠳᠠᠭᠰᠠᠨ ᠲᠤᠯᠠ ᠬᠠᠮᠠᠭᠠᠯᠠᠨ ᠥᠮᠥᠭᠯᠡᠬᠦ ᠠᠷᠭ᠎ᠠ ᠶ᠋ᠢ ᠬᠡᠷᠡᠭᠯᠡᠨ ᠬᠠᠭᠤᠴᠢᠨ ᠲᠦᠰᠢᠮᠡᠯ ᠫᠣᠯᠭᠣᠳᠠᠢ ᠶ᠋ᠢ ᠬᠠᠮᠤᠭ ᠤ᠋ᠨ ᠬᠣᠢᠨ᠎ᠠ ᠠ᠋ᠴᠠ ᠳᠣᠪᠲᠣᠯᠭᠠᠨ ᠢᠯᠡᠭᠡᠵᠦ᠂ ᠬᠠᠲᠤᠳ ᠬᠥᠪᠡᠭᠦᠳ ᠢ᠋ ᠬᠠᠯᠠ ᠬᠦᠷᠭᠡᠪᠡᠰᠦ ᠬᠠᠷᠠᠭᠠᠯᠵᠠᠵᠤ ᠶᠠᠪᠤ ᠭᠡᠮᠡᠨ ᠢᠯᠡᠭᠡᠭᠰᠡᠨ ᠪᠥᠯᠥᠭᠡ᠂ ᠬᠠᠯᠬᠠᠢ ᠬᠤᠬᠠᠢ ᠬᠠᠷᠢᠨ ᠰᠡᠵᠢᠭᠯᠡᠭᠰᠡᠨ ᠭᠠᠵᠠᠷ᠎ᠠ ᠤᠲᠤᠭᠠᠲᠠᠢ ᠪᠣᠯᠵᠤ᠂ ᠬᠠᠲᠤᠳ ᠬᠥᠪᠡᠭᠦᠳ ᠢ᠋ ᠦᠨᠡᠬᠡᠷ ᠬᠠᠯᠠᠰᠢᠷᠠᠭᠤᠯᠤᠨ ᠪᠠᠢᠬᠤᠢ ᠳ᠋ᠤᠷ ᠬᠦᠷᠪᠡ᠂ ᠬᠠᠷᠭᠢᠰ ᠬᠡᠲᠦᠷᠡᠭᠰᠡᠨ ᠵᠠᠮᠤᠬ᠎ᠠ ᠬᠠᠭᠠᠴᠠᠯ ᠦᠭᠡᠢ ᠰᠠᠢᠨ ᠢ᠋ᠶ᠋ᠠᠷ ᠦᠯᠦ ᠶᠠᠪᠤᠮᠤᠢ !》ᠬᠡᠮᠡᠵᠦ᠂ ᠬᠠᠰᠠᠷ ᠤ᠋ᠨ ᠬᠠᠭᠤᠴᠢᠨ ᠦᠶ᠎ᠡ ᠶ᠋ᠢᠨ ᠬᠠᠷᠠᠭᠠᠯᠵᠠᠭᠰᠠᠨ ᠰᠠᠢᠨ ᠢ᠋ ᠪᠣᠳᠣᠵᠤ᠂ ᠥᠪᠡᠷ ᠦ᠋ᠨ ᠪᠠᠭᠤᠳᠠᠯ ᠤ᠋ᠨ ᠬᠠᠵᠠᠭᠤᠳᠠ ᠰᠠᠢᠨ ᠥᠷᠭᠥᠭᠡ ᠪᠠᠢᠭᠤᠯᠵᠤ ᠪᠠᠭᠤᠯᠭᠠᠭᠠᠳ ᠥᠷᠯᠥᠭᠡ ᠦᠳᠡᠰᠢ ᠬᠠᠷᠠᠭᠠᠯᠵᠠᠨ ᠬᠠᠮᠠᠭᠠᠯᠠᠵᠤ᠂ ᠡᠷᠲᠡ ᠵᠢᠯ ᠪᠸᠲ᠋ᠠ᠋  ᠤᠯᠤᠰ ᠲᠤᠷ ᠰᠠᠭᠤᠭᠰᠠᠨ ᠦᠶ᠎ᠡ ᠳ᠋ᠦ᠍ᠷ ᠬᠠᠰᠠᠷ ᠤ᠋ᠨ ᠬᠠᠷᠠᠭᠠᠯᠵᠠᠭᠰᠠᠨ ᠠᠴᠢ ᠶ᠋ᠢᠨ ᠬᠠᠷᠢᠭᠤ ᠬᠠᠷᠢᠭᠤᠯᠠᠨ᠂ ᠬᠠᠭᠠᠴᠠᠰᠢ ᠦᠭᠡᠢ ᠬᠠᠨᠢᠯᠠᠪᠠᠢ 》ᠬᠡᠮᠡᠪᠡ᠃ ᠡᠨᠡ ᠮᠡᠳᠡᠭᠡ ᠶ᠋ᠢ ᠬᠡᠷᠡᠢᠳ ᠦ᠋ᠨ ᠣᠯᠣᠩᠬᠤ ᠭᠣᠣᠷᠬᠢ ᠬᠣᠶᠠᠷ ᠬᠡᠳᠦᠢᠨᠡᠢ ᠪᠢᠴᠢᠵᠦ᠂ ᠲᠠᠢᠽᠦ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠬᠦᠷᠭᠡᠭᠦᠯᠵᠦ ᠢᠯᠡᠭᠡᠪᠡ᠃ ᠡᠭᠦᠨ ᠳ᠋ᠦ᠍ᠷ ᠬᠠᠰᠠᠷ ᠪᠠ ᠲᠠᠢᠽᠦ ᠶ᠋ᠢᠨ ᠰᠡᠳᠬᠢᠯ ᠰᠠᠶᠢ ᠪᠠᠬᠠᠨ ᠠᠮᠤᠷ ᠪᠣᠯᠵᠤ᠂ ᠴᠡᠷᠢᠭ ᠦ᠋ᠨ ᠬᠦᠷᠢᠶ᠎ᠡ ᠶ᠋ᠢ ᠠᠪᠴᠤ ᠰᠥᠨᠢ ᠪᠡᠷ ᠳᠣᠪᠲᠣᠯᠤᠨ ᠬᠡᠷᠡᠢᠳ ᠦ᠋ᠨ ᠴᠡᠷᠢᠭ ᠦ᠋ᠨ ᠠᠷᠤ ᠶ᠋ᠢᠨ ᠬᠣᠢᠨ᠎ᠠ ᠠ᠋ᠴᠠ ᠤᠷᠤᠭᠰᠢ ᠨᠢᠭᠡᠨ ᠵᠡᠷᠭᠡ ᠬᠥᠭᠡᠭᠡᠵᠦ ᠪᠠᠢᠯᠳᠤᠬᠤᠢ ᠳ᠋ᠤᠷ ᠵᠠᠮᠤᠬ᠎ᠠ ᠪᠠᠰᠠ ᠶᠡᠬᠡᠯ᠎ᠡ ᠰᠡᠵᠢᠭᠯᠡᠵᠦ᠂ ᠸᠠᠩ ᠬᠠᠭᠠᠨ ᠢ᠋ ᠠᠪᠴᠤ ᠰᠠᠶᠢ ᠪᠸᠲ᠋ᠠ᠋ ᠤᠯᠤᠰ ᠤ᠋ᠨ ᠵᠦᠭ ᠡᠴᠢᠬᠦᠶ᠎ᠡ ᠵᠠᠮ ᠳ᠋ᠤᠷ ᠵᠡᠯᠮ᠎ᠡ ᠶ᠋ᠢᠨ ᠴᠡᠷᠢᠭ ᠲᠦ᠍ᠷ ᠤᠴᠠᠷᠠᠵᠤ᠂ ᠨᠡᠩ ᠰᠡᠵᠢᠭᠯᠡᠯ ᠲᠥᠷᠥᠭᠡᠳ ᠸᠠᠩ ᠬᠠᠭᠠᠨ ᠳ᠋ᠤᠷ : 《ᠪᠸᠲ᠋ᠠ᠋ ᠤᠯᠤᠰ ᠮᠠᠨ ᠤ᠋ ᠠᠯᠲᠠᠨ ᠤᠯᠤᠰ ᠠ᠋ᠴᠠ ᠱᠠᠩ ᠣᠯᠤᠷ᠎ᠠ ᠡᠴᠢᠬᠦ ᠴᠡᠷᠢᠭ ᠢ᠋ ᠲᠤᠰᠪᠠ᠃ 》 ᠭᠡᠮᠡᠨ ᠮᠡᠬᠡᠯᠡᠵᠦ᠂ ᠶᠡᠬᠡ ᠴᠡᠷᠢᠭ ᠬᠡᠷᠦᠯᠦᠨ ᠮᠥᠷᠡᠨ ᠦ᠌ ᠤᠮᠠᠷᠠᠲᠤ ᠬᠥᠪᠡᠭᠡ ᠦᠬᠡᠷ ᠦ᠋ᠨ ᠬᠣᠩᠰᠢᠶᠠᠷ ᠬᠡᠮᠡᠬᠦ ᠶᠡᠬᠡ ᠬᠠᠢᠷᠬᠠᠨ ᠤ᠋ ᠪᠡᠷᠬᠡ ᠶ᠋ᠢ ᠡᠵᠡᠯᠡᠨ᠂ ᠭᠡᠷ ᠴᠡᠷᠢᠭ ᠦ᠋ᠨ ᠬᠦᠷᠢᠶ᠎ᠡ ᠪᠠᠭᠤᠵᠤ᠂ ᠲᠠᠢᠰᠢ ᠲᠠᠢᠪᠤᠤ ᠬᠣᠶᠠᠭᠤᠯᠠ ᠪᠠᠷ ᠤᠯᠤᠰ ᠢ᠋ ᠰᠠᠬᠢᠭᠤᠯᠵᠤ ᠴᠠᠭᠳᠠᠭᠤᠯᠪᠠ᠃ ᠡᠭᠦᠨ ᠳ᠋ᠦ᠍ᠷ ᠲᠠᠢᠽᠦ ᠴᠡᠷᠢᠭ ᠢ᠋ ᠪᠠᠰᠠ ᠡᠭᠡᠭᠦᠯᠵᠦ᠂ ᠬᠠᠯᠵᠢᠨ᠎ᠠ ᠶ᠋ᠢᠨ ᠳᠠᠪᠠᠭᠠᠨ ᠤ᠋ ᠳᠣᠣᠷ᠎ᠠ ᠴᠡᠷᠢᠭ ᠢ᠋ ᠪᠠᠭᠤᠯᠭᠠᠵᠤ᠂ ᠴᠡᠷᠢᠭ ᠢ᠋ ᠠᠷᠪᠠᠨ ᠠᠩᠭᠢ ᠰᠠᠯᠭᠠᠵᠤ᠂ ᠳᠠᠷᠠᠭ᠎ᠠ ᠳᠠᠷᠠᠭ᠎ᠠ ᠪᠠᠷ ᠠᠷᠪᠠᠨ ᠬᠦᠷᠢᠶ᠎ᠡ ᠪᠠᠭᠤᠯᠭᠠᠵᠤ ᠲᠤᠯᠬᠤ ᠪᠠᠷ ᠪᠡᠯᠡᠳᠬᠡᠪᠡ᠃ ᠪᠸᠲ᠋ᠠ᠋ ᠬᠡᠷᠡᠢᠳ ᠬᠣᠶᠠᠷ ᠤᠯᠤᠰ ᠨᠢᠭᠡᠨ ᠢᠨᠣ ᠣᠷᠣᠪᠠᠰᠤ ᠨᠢᠭᠡᠨ ᠢᠨᠣ ᠤᠬᠤᠷᠢᠵᠤ ᠂ ᠨᠢᠭᠡᠨ ᠢᠨᠣ ᠥᠳᠥᠭᠡᠪᠡᠰᠦ ᠨᠢᠭᠡᠨ ᠢᠨᠣ ᠪᠡᠬᠢᠯᠡᠵᠦ᠂ ᠪᠸᠲ᠋ᠠ᠋ ᠤᠯᠤᠰ ᠤ᠋ᠨ ᠬᠣᠯᠠᠳᠠᠬᠢ ᠴᠡᠷᠢᠭ ᠦ᠋ᠳ ᠴᠥᠮ ᠴᠤᠭᠯᠠᠨ ᠬᠦᠷᠴᠦ ᠢᠷᠡᠭᠰᠡᠨ ᠲᠤᠯᠠ ᠪᠠᠰᠠ ᠠᠷᠪᠠᠨ ᠲᠠᠪᠤᠨ ᠲᠦᠮᠡᠨ ᠪᠣᠯᠵᠤ᠂ ᠨᠢᠭᠡᠨ ᠵᠤᠨ ᠨᠢᠭᠡᠨ ᠨᠠᠮᠤᠷ ᠬᠡᠷᠡᠢᠳ ᠦ᠋ᠨ ᠴᠡᠷᠢᠭ ᠢ᠋ ᠳᠠᠷᠠᠭ᠎ᠠ ᠪᠠᠷ ᠭᠤᠷᠪᠠᠨ ᠵᠡᠷᠭᠡ ᠳᠠᠷᠤᠵᠤ᠂ ᠬᠣᠶᠠᠷ ᠤᠳᠠᠭ᠎ᠠ ᠤᠬᠤᠷᠢᠵᠤ ᠬᠣᠶᠠᠷ ᠡᠲᠡᠭᠡᠳ ᠬᠠᠷᠢᠯᠴᠠᠨ ᠲᠤᠯᠤᠯᠴᠠᠭᠰᠠᠭᠠᠷ ᠡᠪᠦᠯ ᠦ᠋ᠨ ᠰᠡᠭᠦᠯ ᠰᠠᠷ᠎ᠠ ᠪᠣᠯᠵᠤ᠂ ᠮᠤᠬᠤᠯᠢ ᠶ᠋ᠢᠨ ᠶᠡᠬᠡ ᠴᠡᠷᠢᠭ ᠵᠡᠭᠦᠨ ᠬᠣᠢᠲᠤ ᠬᠣᠩᠵᠢᠯᠠ ᠶ᠋ᠢᠨ ᠵᠡᠷᠭᠡ ᠶ᠋ᠢᠨ ᠳᠣᠯᠣᠭ᠎ᠠ ᠨᠠᠢ᠍ᠮᠠᠨ ᠪᠠᠭ᠎ᠠ ᠠᠢᠮᠠᠭ ᠢ᠋ ᠳᠠᠢᠯᠠᠨ ᠳᠠᠭᠠᠭᠤᠯᠵᠤ᠂ ᠤᠯᠤᠰ ᠤᠯᠤᠰ ᠤ᠋ᠨ ᠡᠵᠡᠳ ᠦ᠋ᠳ ᠢ᠋ ᠢᠨᠣ ᠴᠥᠮ ᠳᠠᠭᠠᠭᠤᠯᠤᠨ ᠠᠪᠴᠤ ᠪᠠᠰᠠ ᠬᠣᠢᠲᠤ ᠣᠷᠣᠰ ᠤᠯᠤᠰ ᠤ᠋ᠨ ᠵᠡᠭᠦᠨ ᠡᠮᠦᠨ᠎ᠡ ᠵᠠᠬ᠎ᠠ ᠳ᠋ᠤᠷ ᠪᠦᠬᠦᠢ ᠬᠦᠵᠦᠬᠦ ᠵᠢᠶᠠ ᠵᠧᠦ ᠬᠡᠮᠡᠬᠦ ᠨᠢᠭᠡᠨ ᠶᠡᠬᠡ ᠤᠯᠤᠰ ᠢ᠋ ᠮᠥᠨ ᠳᠠᠢᠯᠠᠨ ᠳᠠᠭᠠᠭᠤᠯᠤᠭᠠᠳ ᠬᠦᠷᠴᠦ ᠢᠷᠡᠬᠦᠶ᠎ᠡ᠂ ᠲᠠᠢᠽᠦ ᠳᠥᠷᠪᠡᠨ ᠬᠥᠪᠡᠭᠦᠨ ᠢ᠋ᠶ᠋ᠡᠨ ᠢᠯᠡᠭᠡᠵᠦ᠂ ᠠᠷᠢᠬᠢ ᠪᠠᠷᠢᠨ ᠭᠤᠷᠪᠠᠨ ᠤᠳᠤᠯᠭ᠎ᠠ ᠤᠭᠲᠤᠭᠤᠯᠪᠠ᠃ ᠲᠡᠳᠦᠢ ᠢᠨᠣ ᠲᠠᠩᠭᠠᠷᠢᠭᠯᠠᠵᠤ᠂ ᠬᠠᠰᠠᠷ ᠤ᠋ᠨ ᠭᠡᠷ ᠦ᠋ᠨ ᠠᠮᠠᠨ ᠢ᠋ ᠡᠭᠡᠭᠦᠯᠵᠦ ᠣᠯᠣᠯ ᠦᠭᠡᠢ ᠪᠡᠷ ᠨᠤᠲᠤᠭ ᠲᠤᠷ ᠣᠷᠣᠬᠤ ᠦᠭᠡᠢ ᠭᠡᠮᠡᠨ ᠭᠠᠳᠠᠨ᠎ᠠ ᠰᠢᠨᠠᠯᠠᠪᠠ᠃ ᠡᠨᠡ ᠵᠢᠯ ᠦ᠋ᠨ ᠬᠡᠷᠡᠭ ᠮᠠᠰᠢ ᠣᠯᠠᠨ ᠲᠤᠯᠠ ᠲᠣᠪᠴᠢᠯᠠᠨ ᠬᠤᠷᠢᠶᠠᠵᠤ ᠂ ᠲᠥᠭᠦᠭᠡᠲᠡᠢᠬᠡᠨ ᠢ᠋ ᠢᠨᠣ ᠲᠡᠭᠦᠵᠦ ᠴᠥᠯᠪᠡᠭᠡᠳ ᠬᠡᠷᠡᠭ ᠦᠭᠡᠢ ᠣᠯᠤᠨ ᠲᠤᠯᠤᠨ ᠢ᠋ ᠠᠨᠤ ᠪᠥᠭᠡᠮ ᠢ᠋ᠶ᠋ᠡᠷ ᠭᠠᠷᠭᠠᠪᠠᠢ᠃  
       ᠠᠩᠬ᠎ᠠ ᠪᠦᠯᠦᠭ ᠦ᠋ᠨ ᠰᠢᠷ᠎ᠠ ᠮᠣᠷᠢᠨ ᠵᠢᠯ ᠡᠨᠳᠡ ᠲᠡᠭᠦᠰᠴᠦ ᠪᠸᠲ᠋ᠠ᠋ ᠤᠯᠤᠰ ᠤ᠋ᠨ ᠣᠯᠠᠨ ᠰᠠᠢᠳ᠂ ᠭᠡᠷ ᠪᠠ ᠬᠡᠭᠡᠷ᠎ᠡ ᠬᠣᠶᠠᠷ ᠲᠡᠰᠢ ᠰᠢᠨᠡᠯᠡᠪᠡᠢ᠃ ᠰᠢᠷᠬᠠᠴᠢᠨ ᠬᠣᠨᠢᠨ ᠵᠢᠯ ᠡᠭᠦᠨ ᠡᠴᠡ ᠡᠬᠢᠯᠡᠵᠦ᠂ ᠬᠠᠪᠤᠷ ᠤ᠋ᠨ ᠳᠤᠮᠳᠠᠳᠤ ᠰᠠᠷ᠎ᠠ ᠳ᠋ᠤ᠌ ᠲᠠᠢᠽᠦ ᠮᠤᠬᠤᠯᠢ ᠰᠠᠶᠢ ᠵᠥᠪᠳᠡᠨ ᠬᠡᠷᠡᠢᠳ ᠯᠦ᠍ᠭᠡ ᠲᠠᠢᠯᠤᠨ ᠳᠡᠢᠯᠦᠭᠳᠡᠬᠦ ᠶ᠋ᠢ ᠲᠠᠰᠤᠯᠰᠤᠭᠠᠢ ᠬᠡᠮᠡᠲᠡᠯ᠎ᠡ ᠭᠡᠨᠡᠳᠲᠡ ᠪᠠᠷᠠᠭᠤᠨ ᠬᠣᠢᠲᠤ ᠬᠣᠯᠠᠳᠠᠬᠢ ᠲᠤᠷᠰᠢᠭᠤᠯ ᠢᠷᠡᠵᠦ ᠮᠡᠳᠡᠭᠦᠯᠦᠷᠦᠨ : 《 ᠬᠡᠷᠡᠢᠳ ᠦ᠋ᠨ ᠸᠠᠩ ᠬᠠᠭᠠᠨ ᠤ᠋ ᠡᠮᠦᠨ᠎ᠡ ᠡᠴᠡ ᠵᠠᠮᠤᠬ᠎ᠠ ᠶ᠋ᠢ ᠡᠯᠴᠢ ᠪᠣᠯᠭᠠᠨ ᠬᠣᠢᠲᠤ ᠢᠯᠳᠡᠰᠢ ᠮᠥᠷᠡᠨ ᠦ᠌ ᠵᠡᠭᠦᠨᠲᠡ ᠪᠦᠬᠦᠢ ᠴᠠᠢᠯᠵᠢ ᠠᠢᠮᠠᠭ ᠤ᠋ᠨ ᠲᠣᠳᠣ ᠳ᠋ᠤᠷ ᠬᠦᠨᠳᠦ ᠪᠡᠯᠡᠭ ᠥᠭᠴᠦ ᠮᠠᠨ ᠤ᠋ ᠤᠯᠤᠰ ᠢ᠋ ᠲᠡᠭᠰᠢ ᠬᠤᠪᠢᠶᠠᠯᠴᠠᠰᠤᠭᠠᠢ ᠭᠡᠮᠡᠨ ᠭᠤᠶᠤᠭᠰᠠᠨ᠎ᠠ᠂ ᠴᠠᠢᠯᠵᠢ ᠠᠢᠮᠠᠭ ᠤ᠋ᠨ ᠲᠣᠳᠣ᠂ ᠵᠠᠮᠤᠬ᠎ᠠ ᠯᠤᠭ᠎ᠠ ᠨᠠᠢ᠍ᠮᠠᠨ ᠲᠦᠮᠡᠨ ᠴᠡᠷᠢᠭ ᠠᠪᠴᠤ ᠨᠢᠰᠦᠨ ᠳᠣᠪᠲᠣᠯᠤᠭᠰᠠᠭᠠᠷ ᠠᠢᠰᠤᠢ᠂ ᠮᠠᠨ ᠤ᠋ ᠵᠠᠬ᠎ᠠ ᠳ᠋ᠤᠷ ᠣᠷᠣᠵᠤ ᠢᠷᠡᠬᠦ ᠣᠢᠷᠠᠲᠤᠪᠠ ! 》ᠬᠡᠮᠡᠭᠰᠡᠨ ᠳ᠋ᠦ᠍ᠷ ᠮᠤᠬᠤᠯᠢ ᠶᠡᠬᠡᠯ᠎ᠡ ᠪᠠᠶᠠᠷᠯᠠᠨ ᠰᠥᠨᠢ ᠲᠠᠢᠽᠦ ᠶ᠋ᠢᠨ ᠳᠡᠷᠭᠡᠳᠡ ᠣᠷᠣᠵᠤ :《ᠡᠵᠡᠨ ᠡᠨᠳᠡ ᠭᠠᠭᠴᠠ ᠪᠥᠭᠡᠯᠵᠢᠬᠦ ᠪᠠᠷᠰ ᠤ᠋ᠨ ᠮᠡᠬᠡ ᠶ᠋ᠢ ᠬᠡᠷᠡᠭᠯᠡᠵᠦ ᠳᠠᠢᠰᠤᠨ ᠢ᠋ ᠳᠠᠷᠤᠲᠤᠭᠠᠢ᠂ ᠲᠦᠰᠢᠮᠡᠯ ᠪᠢ ᠮᠣᠭᠠᠢ ᠶ᠋ᠢᠨ ᠬᠠᠷᠪᠤᠯ ᠢ᠋ᠶ᠋ᠠᠷ ᠲᠣᠳᠣ ᠶ᠋ᠢ ᠲᠤᠯᠰᠤᠭᠠᠢ ! 》ᠭᠡᠮᠡᠨ ᠮᠡᠳᠡᠭᠦᠯᠦᠭᠡᠳ ᠵᠠᠩᠵᠤᠨ ᠴᠡᠷᠢᠭ ᠢ᠋ ᠬᠠᠭᠠᠰᠯᠠᠵᠤ ᠮᠣᠷᠳᠠᠬᠤᠶ᠎ᠠ ᠪᠤᠭᠤᠷᠤᠯ ᠢ᠋ ᠠᠪᠴᠤ ᠡᠴᠢᠪᠡ᠃ ᠪᠤᠭᠤᠷᠵᠢ᠂ ᠴᠢᠯᠠᠭᠤᠨ ᠬᠣᠶᠠᠭᠤᠯᠠ ᠳ᠋ᠤᠷ ᠤᠯᠤᠰ ᠢ᠋ ᠰᠠᠬᠢᠬᠤ ᠪᠠᠷ ᠲᠤᠰᠢᠶᠠᠪᠠ᠃ ᠲᠣᠭᠲᠣᠩᠭᠣ᠌ ᠪᠠᠭᠠᠲᠤᠷ ᠤᠯᠤᠰ ᠢ᠋ ᠴᠠᠭᠳᠠᠨ ᠰᠡᠷᠡᠮᠵᠢᠯᠡᠵᠦ᠂ ᠰᠥᠪᠡᠭᠡᠲᠡᠢ᠂ ᠵᠦᠯᠭᠡᠲᠡᠢ ᠬᠣᠶᠠᠷ ᠪᠠᠭᠠᠲᠤᠷ ᠲᠠᠢᠽᠦ ᠶ᠋ᠢᠨ ᠳᠡᠷᠭᠡᠳᠡ ᠬᠣᠴᠣᠷᠴᠤ ᠭᠢᠯᠦᠭᠡᠨ᠂ ᠬᠣᠢᠯᠠᠳᠠᠷ ᠬᠣᠶᠠᠷ ᠪᠠᠭᠠᠲᠤᠷ ᠢ᠋ ᠮᠤᠬᠤᠯᠢ ᠠᠪᠴᠤ ᠡᠴᠢᠪᠡᠢ᠃ 
       ᠲᠡᠭᠦᠨᠴᠡ ᠪᠸᠲ᠋ᠠ᠋ ᠤᠯᠤᠰ ᠤ᠋ᠨ ᠴᠡᠷᠢᠭ ᠭᠤᠷᠪᠠᠨ ᠠᠩᠭᠢ ᠬᠠᠭᠠᠰᠯᠠᠵᠤ ᠡᠴᠢᠭᠰᠡᠨ ᠲᠤᠯᠠ ᠲᠠᠢᠽᠦ ᠶ᠋ᠢᠨ ᠡᠨᠳᠡ ᠴᠡᠷᠢᠭ ᠴᠥᠭᠡᠨ ᠪᠣᠯᠵᠤ᠂ ᠳᠠᠢᠰᠤᠨ ᠤ᠋ ᠴᠡᠷᠢᠭ ᠦ᠋ᠨ ᠭᠤᠷᠪᠠᠨ ᠬᠤᠪᠢ ᠳ᠋ᠤᠷ ᠪᠸᠲ᠋ᠠ᠋ ᠤᠯᠤᠰ ᠤ᠋ᠨ ᠴᠡᠷᠢᠭ ᠨᠢᠭᠡᠨ ᠬᠤᠪᠢ ᠴᠤ᠌ ᠦᠭᠡᠢ ᠳ᠋ᠦ᠍ᠷ ᠬᠠᠰᠠᠷ᠂ ᠵᠡᠯᠮ᠎ᠡ᠂ ᠪᠡᠯᠭᠦᠳᠡᠢ᠂ ᠰᠥᠪᠡᠭᠡᠲᠡᠢ ᠡᠴᠡ ᠲᠡᠷᠢᠭᠦᠯᠡᠨ ᠴᠥᠮ ᠵᠢᠷᠦᠬᠡ ᠲᠦᠭᠰᠢᠨ ᠴᠢᠷᠠᠢ ᠠᠯᠲᠠᠨ ᠠᠶᠤᠬᠤᠶ᠎ᠠ᠂ ᠲᠠᠢᠽᠦ ᠬᠠᠷᠢᠨ ᠥᠴᠦᠬᠡᠨ ᠴᠦ᠍ ᠬᠡᠷᠡᠭᠰᠡᠬᠦ ᠦᠭᠡᠢ ᠪᠡᠷ ᠦᠯᠦ ᠪᠠᠷᠠᠨ᠂ ᠨᠡᠩ ᠬᠠᠷᠢᠨ ᠪᠡᠶᠡᠰᠦᠨ ᠮᠦᠰᠢᠶᠡᠵᠦ᠂ ᠲᠠᠪᠤᠨ ᠲᠦᠮᠡᠨ ᠴᠡᠷᠢᠭ ᠢ᠋ ᠠᠷᠪᠠᠨ ᠪᠠᠭ ᠪᠣᠯᠭᠠᠨ ᠬᠤᠪᠢᠶᠠᠨ᠂ ᠲᠡᠷᠢᠭᠦᠨ ᠪᠠᠭ ᠢ᠋ ᠲᠠᠢᠽᠦ ᠪᠡᠶ᠎ᠡ ᠪᠡᠷ ᠲᠡᠷᠢᠭᠦᠯᠡᠨ᠂ ᠵᠡᠪᠡ᠂ ᠵᠡᠯᠮ᠎ᠡ᠂ ᠣᠶᠤᠨ ᠭᠤᠸ᠎ᠠ᠂ ᠰᠠᠢᠬᠠᠨ ᠰᠤᠷᠲᠠᠯᠲᠤ ᠶ᠋ᠢ ᠠᠪᠴᠤ ᠵᠠᠬᠢᠷᠤᠭᠠᠳ ᠬᠣᠶᠠᠳᠤᠭᠠᠷ ᠪᠠᠭ ᠢ᠋ ᠪᠦᠬᠦ ᠪᠡᠯᠭᠦᠳᠡᠢ᠂ ᠤᠷᠠᠨ ᠭᠠᠴᠤᠭ ᠵᠠᠬᠢᠷᠪᠠ᠃ ᠭᠤᠷᠪᠠᠳᠤᠭᠠᠷ ᠪᠠᠭ ᠢ᠋ ᠬᠠᠪᠤᠲᠤ ᠬᠠᠰᠠᠷ᠂ ᠣᠢᠲᠤ ᠣᠴᠢᠭ ᠵᠠᠬᠢᠷᠪᠠ᠃ ᠳᠥᠷᠪᠡᠳᠦᠭᠡᠷ ᠪᠠᠭ ᠢ᠋ ᠬᠦᠷᠭᠡᠨ ᠪᠣᠲ᠋ᠣ ᠬᠢᠭᠡᠳ ᠲᠣᠬᠣᠢᠲᠤ ᠶ᠋ᠢᠨ ᠪᠤᠰᠤᠩ ᠵᠠᠬᠢᠷᠪᠠ᠃ ᠲᠠᠪᠤᠳᠤᠭᠠᠷ ᠠᠩᠭᠢ ᠶ᠋ᠢ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠵᠠᠬᠢᠷᠪᠠ᠃ ᠵᠢᠷᠭᠤᠳᠤᠭᠠᠷ ᠪᠠᠭ ᠢ᠋ ᠰᠢᠷᠢ ᠬᠤᠲᠤᠭ᠂ ᠬᠠᠷ᠎ᠠ ᠬᠢᠷᠤ ᠲᠠᠨ ᠵᠠᠬᠢᠷᠪᠠ᠃ ᠳᠣᠯᠣᠳᠤᠭᠠᠷ ᠪᠠᠭ ᠢ᠋ ᠰᠥᠪᠡᠭᠡᠲᠡᠢ ᠵᠦᠯᠭᠡᠲᠡᠢ ᠬᠣᠶᠠᠷ ᠪᠠᠭᠠᠲᠤᠷ ᠵᠠᠬᠢᠷᠪᠠ᠃ ᠨᠠᠢ᠍ᠮᠠᠳᠤᠭᠠᠷ ᠪᠠᠭ ᠢ᠋ ᠤᠷᠲᠤ ᠪᠣᠳᠣᠯᠭᠠᠲᠤ᠂ ᠤᠬᠠᠭᠠᠨᠲᠤ ᠷᠢᠨᠴᠢᠨ ᠲᠠᠨ ᠵᠠᠬᠢᠷᠪᠠ᠃ ᠶᠢᠰᠦᠳᠦᠭᠡᠷ ᠪᠠᠭ ᠢ᠋ ᠠᠯᠤᠬ᠎ᠠ᠂ ᠰᠦᠬᠡ ᠲᠠᠨ ᠵᠠᠬᠢᠷᠪᠠ᠃ ᠠᠷᠪᠠᠳᠤᠭᠠᠷ ᠪᠠᠭ ᠢ᠋ ᠥᠨᠳᠥᠷ ᠰᠡᠴᠡᠨ᠂ ᠦᠯᠬᠦ ᠶ᠋ᠢᠨ ᠵᠦᠨᠲᠡᠢ ᠨᠠᠷ ᠵᠠᠬᠢᠷᠪᠠ᠃ ᠪᠠᠭ ᠪᠦᠷᠢ ᠲᠠᠪᠤᠨ ᠮᠢᠩᠭᠠᠨ ᠲᠠᠪᠤᠨ ᠬᠥᠮᠦᠨ ᠲᠠᠪᠢᠨ ᠮᠣᠷᠢ ᠢᠯᠡᠭᠦᠦ᠂ ᠴᠥᠮ ᠶᠠᠪᠠᠭᠠᠨ ᠪᠠᠭᠤᠳᠠᠯ ᠢ᠋ᠶ᠋ᠡᠷ ᠪᠠᠢᠭᠰᠠᠨ ᠲᠤᠯᠠ ᠮᠠᠰᠢ ᠪᠡᠯᠡᠬᠡᠨ᠃ ᠲᠡᠳᠦᠢ ᠵᠡᠯᠮ᠎ᠡ ᠲᠠᠢᠽᠦ ᠶ᠋ᠢᠨ ᠴᠠᠭᠠᠵᠠᠨ ᠤ᠋ ᠵᠡᠪᠡ ᠶ᠋ᠢ ᠪᠠᠷᠢᠵᠤ ᠵᠠᠷᠯᠠᠨ ᠲᠣᠭᠲᠠᠭᠠᠭᠰᠠᠨ ᠠᠨᠤ : 《 ᠡᠨᠡ ᠠᠷᠪᠠᠨ ᠠᠩᠭᠢ ᠶ᠋ᠢᠨ ᠴᠡᠷᠢᠭ ᠰᠥᠨᠢ ᠪᠡᠷ ᠭᠡᠨᠡᠳᠲᠡ ᠭᠠᠯᠠᠭᠤᠲᠤ ᠠᠭᠤᠯᠠᠨ᠎ᠠ ᠬᠦᠷᠦᠮᠡᠭᠴᠡ ᠲᠡᠨᠳᠡᠴᠡ ᠡᠵᠡᠨ ᠢ᠋ ᠳᠠᠭᠠᠵᠤ᠂ ᠭᠤᠴᠢ ᠭᠤᠴᠢᠨ ᠭᠠᠵᠠᠷ ᠢ᠋ᠶ᠋ᠠᠷ ᠬᠣᠢᠨ᠎ᠠ ᠬᠣᠢᠨ᠎ᠠ ᠠ᠋ᠴᠠ ᠪᠠᠨ ᠳᠠᠷᠠᠭᠠᠯᠠᠨ ᠵᠠᠯᠭᠠᠯᠳᠤᠵᠤ ᠪᠠᠭᠤᠭᠰᠠᠭᠠᠷ᠂ ᠬᠠᠮᠤᠭ ᠤ᠋ᠨ ᠰᠡᠭᠦᠯ ᠦ᠋ᠨ ᠥᠨᠳᠥᠷ ᠰᠡᠴᠡᠨ᠂ ᠦᠯᠬᠦ ᠶ᠋ᠢᠨ ᠵᠦᠨᠲᠡᠢ ᠶ᠋ᠢᠨ ᠴᠡᠷᠢᠭ ᠬᠠᠷ᠎ᠠ ᠬᠠᠯᠵᠢᠨ᠎ᠠ ᠶ᠋ᠢᠨ ᠳᠠᠪᠠᠭᠠᠨ ᠤ᠋ ᠡᠨᠡᠲᠡᠭᠡ᠂ ᠭᠠᠯᠵᠠᠭᠤ ᠮᠥᠷᠡᠨ ᠦ᠌ ᠴᠠᠭᠠᠨ᠎ᠠ ᠭᠤᠴᠢᠨ ᠭᠠᠵᠠᠷ ᠤ᠋ᠨ ᠦᠵᠦᠭᠦᠷ᠎ᠡ ᠵᠣᠭᠰᠣᠵᠤ ᠬᠦᠯᠢᠶᠡ᠂ ᠲᠡᠭᠦᠰᠴᠣᠭᠲᠤ᠂ ᠣᠶᠤᠲᠤ ᠰᠡᠴᠡᠨ ᠬᠣᠶᠠᠭᠤᠯᠠ ᠨᠢᠭᠡᠨ ᠮᠢᠩᠭᠠᠨ ᠴᠡᠷᠢᠭ ᠠᠪᠴᠤ ᠶᠡᠬᠡ ᠴᠡᠷᠢᠭ ᠦ᠋ᠨ ᠬᠦᠷᠢᠶ᠎ᠡ ᠪᠠ ᠡᠵᠡᠨ ᠦ᠌ ᠶᠡᠬᠡ ᠪᠠᠭᠤᠳᠠᠯ ᠢ᠋ ᠰᠢᠭᠤᠳ ᠬᠠᠯᠵᠢᠨ᠎ᠠ ᠶ᠋ᠢᠨ ᠳᠠᠪᠠᠭᠠᠨ ᠤ᠋ ᠣᠷᠣᠢ ᠳ᠋ᠤᠷ ᠪᠠᠭᠤᠵᠤ᠂ ᠲᠤᠭ ᠬᠢᠭᠢᠷᠢ ᠰᠢᠭᠦᠷ ᠳᠠᠯᠪᠠᠭ᠎ᠠ ᠶᠡᠬᠡᠳᠡ ᠪᠤᠰᠬᠠᠵᠤ᠂ ᠡᠵᠡᠨ ᠦ᠌ ᠬᠦᠷᠬᠦ ᠶ᠋ᠢ ᠪᠡᠯᠡᠳᠬᠡᠵᠦ᠂ ᠨᠢᠭᠡᠨ ᠵᠠᠭᠤᠨ ᠪᠢᠲᠡᠭᠦᠦ ᠲᠤᠯᠤᠮ ᠢ᠋ᠶ᠋ᠠᠷ ᠤᠰᠤ ᠠᠴᠢᠵᠤ ᠳᠠᠪᠠᠭᠠᠨ ᠤ᠋ ᠣᠷᠣᠢ ᠳ᠋ᠤᠷ ᠪᠡᠯᠡᠳᠭᠡ᠂ ᠡᠳᠦᠭᠡ ᠳᠠᠷᠤᠢ ᠶᠠᠪᠤ ! 》ᠭᠡᠮᠡᠨ ᠶᠠᠪᠤᠭᠤᠯᠤᠭᠠᠳ 《ᠡᠭᠦᠨ ᠡᠴᠡ ᠭᠠᠳᠠᠨ᠎ᠠ ᠂ ᠪᠠᠭ ᠪᠦᠷᠢ ᠵᠤᠤᠬ᠎ᠠ ᠵᠣᠭᠣᠷᠢ ᠴᠥᠭᠡᠳᠬᠡᠬᠦ ᠪᠡᠷ ᠶᠠᠪᠤᠬᠤ ᠠᠨᠤ᠂ ᠬᠠᠮᠤᠭ ᠤ᠋ᠨ ᠲᠡᠷᠢᠭᠦᠨ ᠦ᠌ ᠡᠵᠡᠨ ᠦ᠌ ᠪᠠᠭ ᠲᠤᠷ ᠲᠠᠪᠤᠨ ᠬᠥᠮᠦᠨ ᠨᠢᠭᠡᠨ ᠭᠣᠯᠣᠮᠲᠠ ᠲᠤᠯᠬᠤ ᠪᠥᠭᠡᠰᠦ᠂ ᠡᠷᠬᠡᠪᠰᠢ ᠲᠠᠪᠤᠨ ᠬᠥᠮᠦᠨ ᠲᠠᠪᠤᠨ ᠲᠤᠯᠭ᠎ᠠ ᠲᠤᠯᠲᠤᠭᠠᠢ᠂ ᠡᠰᠡ ᠬᠡᠷᠡᠭᠯᠡᠪᠡᠴᠦ ᠦᠨᠡᠰᠦ ᠶ᠋ᠢ ᠰᠠᠴᠤᠵᠤ ᠲᠤᠯᠭ᠎ᠠ ᠶ᠋ᠢᠨ ᠭᠠᠳᠠᠰᠤᠨ ᠤ᠋ ᠣᠷᠣ ᠶ᠋ᠢ ᠭᠠᠷᠭᠠᠬᠤ ᠬᠡᠷᠡᠭᠲᠡᠢ᠂ ᠡᠭᠦᠨᠴᠡ ᠪᠠᠭ ᠪᠦᠷᠢ ᠨᠢᠭᠡᠨ ᠭᠣᠯᠣᠮᠲᠠ ᠶ᠋ᠢ ᠬᠤᠷᠢᠶᠠᠭᠰᠠᠭᠠᠷ ᠬᠠᠮᠤᠭ ᠤ᠋ᠨ ᠰᠡᠭᠦᠯ ᠦ᠋ᠨ ᠪᠠᠭ ᠲᠤᠷ ᠬᠦᠷᠲᠡᠯ᠎ᠡ ᠠᠷᠪᠠᠨ ᠬᠥᠮᠦᠨ ᠨᠢᠭᠡᠬᠡᠨ ᠲᠤᠯᠭ᠎ᠠ ᠲᠤᠯᠤᠭᠲᠤᠨ᠃ ᠡᠳᠦᠭᠡ ᠪᠢᠳᠡ ᠭᠡᠨᠡᠳᠲᠡ ᠤᠷᠭᠤᠵᠤ ᠡᠭᠡᠭᠰᠡᠨ ᠢ᠋ᠶ᠋ᠡᠷ ᠶᠠᠪᠤᠭᠠᠳ ᠬᠣᠢᠲᠤ ᠵᠠᠮ ᠢ᠋ᠶ᠋ᠠᠷ ᠲᠡᠳᠡᠨ ᠢ᠋ ᠥᠳᠥᠭᠡᠷ᠎ᠡ ᠡᠴᠢᠮᠦᠢ᠂ ᠡᠨᠡ ᠠᠷᠪᠠᠨ ᠠᠩᠭᠢ ᠴᠡᠷᠢᠭ ᠬᠡᠮᠡᠭᠴᠢ ᠳᠠᠢᠰᠤᠨ ᠢ᠋ ᠳᠠᠷᠠᠭ᠎ᠠ ᠳᠠᠷᠠᠭ᠎ᠠ ᠪᠠᠷ ᠥᠳᠥᠭᠡᠵᠦ᠂ ᠬᠠᠯᠵᠢᠨ᠎ᠠ ᠶ᠋ᠢᠨ ᠳᠠᠪᠠᠭᠠᠨ᠎ᠠ ᠠᠪᠠᠴᠢᠬᠤ ᠴᠡᠷᠢᠭ ᠲᠤᠯᠠ ᠳᠠᠢᠰᠤᠨ ᠤ᠋ ᠴᠡᠷᠢᠭ ᠣᠢᠷ᠎ᠠ ᠬᠦᠷᠴᠦ ᠢᠷᠡᠮᠡᠭᠴᠡ ᠳᠠᠷᠤᠢ ᠪᠦᠭᠭᠦᠭᠰᠡᠨ ᠡᠴᠡ ᠪᠡᠨ ᠭᠠᠷᠴᠤ ᠥᠳᠥᠭᠡᠵᠦ ᠳᠤᠲᠠᠭ᠎ᠠ᠂ ᠪᠠᠭ ᠪᠦᠷᠢ ᠰᠢᠭᠤᠳ ᠬᠠᠯᠵᠢᠨ᠎ᠠ ᠶ᠋ᠢᠨ ᠳᠠᠪᠠᠭᠠᠨ ᠤ᠋ ᠳᠣᠣᠷ᠎ᠠ ᠡᠵᠡᠨ ᠦ᠌ ᠳᠡᠷᠭᠡᠳᠡ ᠬᠥᠷᠥᠭᠲᠦᠨ᠂ ᠳᠤᠲᠠᠭᠠᠬᠤ ᠪᠦᠷᠢ ᠲᠤᠭ ᠳᠠᠯᠪᠠᠭ᠎ᠠ ᠬᠡᠩᠭᠡᠷᠭᠡ ᠪᠦᠷᠢᠶ᠎ᠡ ᠶ᠋ᠢ ᠶᠡᠬᠡᠯ᠎ᠡ ᠭᠡᠭᠡᠵᠦ᠂ ᠬᠡᠷᠡᠢᠳ ᠦ᠋ᠨ ᠴᠡᠷᠢᠭ ᠬᠦᠷᠴᠦ ᠢᠷᠡᠬᠦᠢ ᠳ᠋ᠦ᠍ᠷ ᠵᠠᠩᠵᠤᠨ ᠭᠠᠷᠴᠤ ᠪᠠᠢᠯᠳᠤᠮᠠᠭᠴᠠ ᠳᠠᠷᠤᠢ ᠳᠠᠷᠤᠭᠳᠠᠵᠤ ᠪᠤᠷᠤᠭᠤᠯᠠ᠂ ᠬᠡᠷᠬᠢᠪᠡᠴᠦ ᠬᠠᠭᠤᠷᠴᠤ ᠪᠤᠷᠤᠭᠤᠯᠠᠬᠤ ᠪᠠᠨ ᠮᠡᠳᠡᠭᠳᠡᠵᠦ ᠪᠣᠯᠬᠤ ᠦᠭᠡᠢ᠃ ᠦᠯᠬᠦ ᠰᠠᠢᠳ᠂ ᠪᠠᠶᠠᠨ ᠬᠢᠶ᠎ᠡ ᠬᠣᠶᠠᠭᠤᠯᠠ ᠲᠠᠪᠤᠨ ᠮᠢᠩᠭᠠᠨ ᠴᠡᠷᠢᠭ ᠠᠪᠴᠤ ᠭᠠᠯᠵᠠᠭᠤ ᠮᠥᠷᠡᠨ᠎ᠡ ᠡᠴᠢᠵᠦ ᠳᠡᠭᠡᠳᠦ ᠣᠯᠣᠮ ᠢ᠋ ᠡᠯᠡᠰᠦᠨ ᠲᠤᠯᠤᠮ ᠢ᠋ᠶ᠋ᠠᠷ ᠪᠥᠭᠯᠡᠵᠦ᠂ ᠬᠡᠷᠡᠢᠳ ᠦ᠋ᠨ ᠴᠡᠷᠢᠭ ᠬᠠᠯᠵᠢᠨ᠎ᠠ ᠠᠭᠤᠯᠠᠨ᠎ᠠ ᠮᠠᠨ ᠤ᠋ ᠴᠡᠷᠢᠭ ᠲᠦ᠍ᠷ ᠳᠠᠷᠤᠭᠳᠠᠵᠤ᠂ ᠡᠭᠡᠨ ᠳᠤᠲᠠᠭᠠᠵᠤ ᠭᠠᠯᠵᠠᠭᠤ ᠮᠥᠷᠡᠨ ᠢ᠋ ᠭᠡᠲᠦᠯᠬᠦ ᠦᠶ᠎ᠡ ᠳ᠋ᠦ᠍ᠷ ᠪᠥᠭᠯᠡᠭᠰᠡᠨ ᠲᠤᠯᠤᠮ ᠢ᠋ ᠠᠪᠤᠭᠤᠯᠵᠤ᠂ ᠪᠦᠭᠦᠳᠡᠭᠡᠷ ᠢ᠋ ᠤᠷᠤᠰᠬᠠᠵᠤ ᠴᠠᠴᠠᠭ᠎ᠠ ! ᠡᠭᠡᠬᠦ ᠦᠶ᠎ᠡ ᠳ᠋ᠦ᠍ᠷ ᠪᠠᠭ ᠪᠦᠷᠢ ᠡᠵᠡᠨ ᠦ᠌ ᠲᠡᠮᠳᠡᠭᠲᠦ ᠤᠯᠠᠭᠠᠨ ᠰᠢᠭᠦᠷ ᠢ᠋ ᠤᠯᠠᠮᠵᠢᠯᠠᠨ ᠥᠭᠭᠦᠭᠰᠡᠭᠡᠷ ᠶᠠᠪᠤᠭᠲᠤᠨ !》 ᠭᠡᠮᠡᠨ ᠲᠤᠰ ᠲᠤᠰ ᠲᠤᠷ ᠴᠥᠮ ᠵᠠᠷᠯᠠᠨ ᠪᠠᠷᠠᠭᠰᠠᠨ ᠳ᠋ᠤᠷ ᠲᠠᠢᠽᠦ ᠵᠡᠯᠮ᠎ᠡ ᠶ᠋ᠢ ᠳᠠᠭᠤᠳᠠᠵᠤ ᠵᠠᠬᠢᠷᠤᠨ : 《ᠥᠪᠡᠷ᠎ᠡ ᠵᠦᠢᠯ ᠴᠥᠮ ᠪᠣᠯᠤᠮᠤᠢ᠂ ᠭᠠᠭᠴᠠ ᠲᠡᠷᠡ ᠤᠰᠤ ᠪᠥᠭᠯᠡᠬᠦ ᠶ᠋ᠢ ᠪᠠᠢᠭ᠎ᠠ᠂ ᠲᠡᠷᠡ ᠤᠳᠠᠭ᠎ᠠ ᠰᠠᠷᠯᠠᠭ ᠮᠥᠷᠡᠨ ᠳ᠋ᠦ᠍ ᠲᠡᠳᠡ ᠪᠥᠭᠯᠡᠭᠡᠳ ᠮᠠᠨ ᠤ᠋ ᠵᠢᠨᠦᠩ ᠡᠭᠡᠭᠦᠯᠵᠦ ᠬᠡᠷᠡᠭᠯᠡᠭᠰᠡᠨ ᠲᠤᠯᠠ ᠬᠥᠮᠦᠨ ᠦ᠌ ᠠᠮᠢᠨ ᠢ᠋ ᠠᠰᠤᠷᠤ ᠬᠡᠲᠦᠷᠬᠡᠢ ᠪᠦᠷᠢᠯᠭᠡᠪᠡᠢ᠂ ᠴᠡᠷᠢᠭ ᠬᠡᠮᠡᠭᠴᠢ ᠣᠯᠠᠨ ᠢ᠋ ᠠᠯᠠᠬᠤᠢ ᠳ᠋ᠤᠷ ᠦᠭᠡᠢ᠂ ᠣᠯᠠᠨ ᠢ᠋ ᠪᠢᠰᠢᠷᠡᠭᠦᠯᠬᠦᠢ ᠳ᠋ᠦ᠍ᠷ ᠪᠣᠢ 》ᠬᠡᠮᠡᠪᠡ᠃ ᠲᠠᠢᠽᠦ ᠶ᠋ᠢᠨ ᠴᠡᠷᠢᠭ ᠬᠡᠷᠡᠭᠯᠡᠬᠦ ᠬᠠᠷᠢᠨ ᠡᠷᠲᠡᠨ ᠦ᠌ ᠶᠣᠰᠣ ᠳᠦᠷᠢᠮ ᠪᠣᠢ ᠪᠤᠰᠤ ᠤᠤ ! ᠲᠡᠳᠦᠢ ᠵᠠᠯᠮ᠎ᠠ ᠨᠠᠷ ᠲᠠᠢᠽᠦ ᠶ᠋ᠢᠨ ᠦᠨᠡᠨ ᠥᠷᠥᠰᠢᠶᠡᠯ ᠢ᠋ ᠭᠠᠢᠬᠠᠯᠳᠤᠨ ᠮᠥᠷᠭᠥᠵᠦ ᠤᠰᠤ ᠬᠣᠷᠢᠬᠤ ᠶ᠋ᠢ ᠵᠣᠭᠰᠣᠪᠠ᠃ ᠪᠡᠯᠭᠦᠳᠡᠢ᠂ ᠬᠠᠰᠠᠷ ᠨᠠᠷ ᠣᠨᠴᠠ ᠤᠰᠤ ᠪᠥᠭᠯᠡᠬᠦ ᠠᠷᠭ᠎ᠠ ᠶ᠋ᠢ ᠬᠡᠷᠡᠭᠯᠡᠰᠦᠭᠡᠢ ᠬᠡᠮᠡᠬᠦᠢ ᠳ᠋ᠦ᠍ᠷ ᠲᠠᠢᠽᠦ ᠵᠠᠬᠢᠷᠤᠨ : 《ᠠᠮᠢᠨ ᠳ᠋ᠤᠷ ᠡᠰᠡ ᠬᠦᠷᠪᠡᠰᠦ ᠠᠷᠪᠢᠨ ᠬᠥᠮᠦᠨ ᠦ᠌ ᠠᠮᠢᠨ ᠢ᠋ ᠪᠢᠲᠡᠭᠡᠢ ᠬᠣᠣᠷᠯᠠ ᠬᠡᠮᠡᠵᠦᠬᠦᠢ᠃ ᠬᠡᠳᠦᠢᠪᠡᠷ ᠠᠯᠠᠯᠳᠤᠨ ᠪᠠᠢᠯᠳᠤᠬᠤ ᠲᠡᠢᠨ ᠳᠠᠢᠰᠤᠨ ᠪᠣᠯᠪᠠᠴᠤ ᠢᠯᠡᠷᠭᠡᠶ᠎ᠡ ᠳᠣᠲᠣᠷᠬᠠᠶ᠎ᠠ ᠪᠠᠢᠯᠳᠤᠨ ᠳᠠᠷᠤᠪᠠᠰᠤ ᠬᠡᠳᠦᠢ ᠣᠯᠠᠨ ᠦᠬᠦᠪᠡᠴᠦ ᠬᠢᠯᠢᠨᠴᠡ ᠢᠨᠣ ᠬᠥᠩᠭᠡᠨ᠂ ᠳᠠᠯᠳᠠ ᠨᠢᠭᠤᠴᠠ ᠪᠠᠷ ᠮᠡᠬᠡᠯᠡᠨ ᠭᠡᠨᠡᠳᠡᠭᠦᠯᠵᠦ ᠦᠬᠦᠭᠦᠯᠪᠡᠰᠦ ᠬᠢᠯᠢᠨᠴᠡ ᠨᠢᠭᠦᠯ ᠢᠨᠣ ᠭᠦᠨ ᠪᠣᠯᠠᠢ ! ᠪᠢ ᠬᠠᠷᠠᠬᠠᠨ ᠳᠡᠯᠡᠬᠡᠢ ᠳ᠋ᠠᠬᠢᠨ ᠢ᠋ ᠨᠢᠭᠡᠳᠬᠡᠨ ᠡᠩᠬᠡᠵᠢᠭᠦᠯᠰᠦᠭᠡᠢ ᠭᠡᠮᠡᠨ ᠵᠢᠳᠬᠦᠬᠦᠶ᠎ᠡ᠂ ᠡᠬᠢᠯᠡᠮᠡᠭᠴᠡ ᠡᠨᠡ ᠮᠡᠲᠦ ᠬᠠᠷᠠᠲᠠᠢ ᠪᠠᠷ ᠶᠠᠪᠤᠪᠠᠰᠤ ᠲᠡᠭᠷᠢ ᠰᠠᠬᠢᠭᠤᠯᠰᠤᠨ ᠵᠢᠭᠰᠢᠭᠦᠵᠡᠢ ! ᠪᠢ ᠭᠠᠭᠴᠠ ᠢᠯᠡᠷᠬᠡᠢ ᠪᠡᠷ ᠲᠡᠭᠦᠨ ᠢ᠋ ᠳᠠᠷᠤᠬᠤ ᠠᠷᠭ᠎ᠠ ᠪᠣᠢ᠂ ᠳᠠ ᠬᠠᠷᠢᠨ ᠲᠡᠳᠡᠨ ᠦ᠌ ᠴᠡᠷᠢᠭ ᠦ᠋ᠨ ᠣᠯᠠᠨ ᠠ᠋ᠴᠠ ᠪᠢᠲᠡᠭᠡᠢ ᠠᠶᠤᠭᠲᠤᠨ᠃ ᠮᠢᠨᠦ ᠳᠡᠢᠯᠬᠦ ᠶ᠋ᠢ ᠦᠵᠡ ! 》 ᠬᠡᠮᠡᠭᠡᠳ ᠭᠤᠷᠪᠠᠨ ᠰᠠᠷ᠎ᠠ ᠶ᠋ᠢᠨ ᠬᠣᠷᠢᠨ ᠨᠢᠭᠡᠨ ᠦ᠌ ᠨᠢᠭᠡᠬᠡᠨ ᠰᠥᠨᠢ ᠪᠡᠷ ᠪᠠᠭᠤᠳᠠᠯ ᠨᠡᠭᠦᠳᠡᠯ ᠴᠥᠮ ᠳᠠᠪᠰᠢᠵᠤ ᠵᠠᠢᠯᠠᠪᠠᠢ᠃ 
       ᠰᠢᠷᠬᠠᠴᠢᠨ ᠬᠣᠨᠢᠨ ᠵᠢᠯ ᠦ᠋ᠨ ᠬᠠᠪᠤᠷ ᠤ᠋ᠨ ᠰᠡᠭᠦᠯ ᠪᠥᠯᠥᠭᠡ᠂ ᠲᠠᠢᠽᠦ ᠭᠤᠴᠢᠨ ᠨᠠᠢ᠍ᠮᠠᠨ ᠰᠡᠭᠦᠳᠡᠷ ᠲᠡᠢ ᠪᠣᠯᠪᠠ᠃ ᠡᠮᠦᠨ᠎ᠡ ᠰᠥᠩ ᠤᠯᠤᠰ ᠤ᠋ᠨ  ᠨᠢᠩᠽᠦ᠋ᠩ ᠬᠠᠭᠠᠨ ᠵᠣᠣ ᠺᠦᠸᠧ ᠶ᠋ᠢᠨ ᠴᠢᠩ  ᠶᠤᠸᠠᠨ ᠤ᠋ ᠲᠠᠪᠤᠳᠤᠭᠠᠷ ᠣᠨ᠂ ᠳᠤᠮᠳᠠᠳᠤ ᠠᠯᠲᠠᠨ ᠤᠯᠤᠰ ᠤ᠋ᠨ ᠵᠠᠩᠽᠦ᠋ᠩ ᠬᠠᠭᠠᠨ ᠸᠠᠨ ᠶᠠᠨ ᠵᠢᠩ ᠴᠧᠩ ᠠᠨ ᠤ᠋ ᠳᠥᠷᠪᠡᠳᠦᠭᠡᠷ ᠣᠨ ᠪᠥᠯᠥᠭᠡ᠃  
       ᠲᠡᠳᠦᠢ ᠬᠡᠷᠡᠢᠳ ᠦ᠋ᠨ ᠢᠯᠠᠭᠤ᠂ ᠲᠠᠢᠽᠦ ᠶ᠋ᠢ ᠤᠷᠭᠤᠪᠠ ᠭᠡᠮᠡᠨ ᠰᠠᠶᠢ ᠶᠡᠬᠡ ᠴᠡᠷᠢᠭ ᠢ᠋ᠶ᠋ᠡᠨ ᠬᠥᠳᠡᠯᠭᠡᠵᠦ ᠨᠡᠬᠡᠰᠦᠭᠡᠢ ᠬᠡᠮᠡᠲᠡᠯ᠎ᠡ ᠵᠠᠮᠤᠬ᠎ᠠ ᠮᠥᠨ ᠴᠠᠢᠯᠵᠢ ᠠᠢᠮᠠᠭ ᠤ᠋ᠨ ᠴᠡᠷᠢᠭ ᠢ᠋ ᠬᠥᠳᠡᠯᠭᠡᠭᠡᠳ ᠤᠷᠤᠭᠰᠢᠯᠠᠨ ᠳᠣᠪᠲᠣᠯᠵᠤ ᠮᠡᠳᠡᠭᠡ ᠬᠦᠷᠭᠡᠵᠦ ᠢᠷᠡᠭᠰᠡᠨ ᠲᠤᠯᠠ ᠳᠠᠷᠤᠢ ᠡᠮᠦᠨ᠎ᠡ ᠵᠠᠮ ᠤᠳᠤᠷᠢᠳᠤᠨ ᠶᠡᠬᠡ ᠴᠡᠷᠢᠭ ᠢ᠋ ᠴᠤᠭᠠᠷ ᠬᠥᠳᠡᠯᠭᠡᠨ᠂ ᠸᠠᠩ ᠬᠠᠭᠠᠨ ᠢ᠋ᠶ᠋ᠠᠨ ᠠᠪᠴᠤ ᠪᠸᠲ᠋ᠠ᠋ ᠤᠯᠤᠰ ᠤ᠋ᠨ ᠴᠡᠷᠢᠭ ᠢ᠋ ᠴᠢᠯᠠᠭᠤ ᠥᠩᠬᠥᠷᠢᠨ ᠠᠭᠤᠯᠠ ᠨᠤᠷᠠᠬᠤ ᠠᠳᠠᠯᠢ ᠮᠥᠷᠳᠡᠵᠦ ᠢᠷᠡᠬᠦᠶ᠎ᠡ᠂ ᠤᠯᠠᠭᠠᠨ ᠴᠠᠪ ᠬᠡᠮᠡᠬᠦ ᠭᠠᠵᠠᠷ᠎ᠠ ᠬᠦᠷᠲᠡᠯ᠎ᠡ ᠭᠡᠨᠡᠳᠲᠡ ᠪᠸᠲ᠋ᠠ᠋ ᠤᠯᠤᠰ ᠤ᠋ᠨ ᠨᠢᠭᠡᠨ ᠰᠠᠯᠠᠭᠠᠨ ᠤ᠋ ᠴᠡᠷᠢᠭ ᠵᠠᠮ ᠢ᠋ ᠬᠥᠨᠳᠡᠯᠢᠳᠪᠡ᠃ ᠵᠠᠮᠤᠬ᠎ᠠ ᠥᠨᠳᠥᠷ ᠬᠠᠰᠠᠭ ᠲᠤᠷ ᠭᠠᠷᠴᠤ ᠦᠵᠡᠬᠦᠯ᠎ᠡ᠂ ᠪᠸᠲ᠋ᠠ᠋ ᠤᠯᠤᠰ ᠤ᠋ᠨ ᠴᠡᠷᠢᠭ ᠮᠠᠰᠢ ᠴᠥᠭᠡᠨ ᠪᠥᠭᠡᠳ ᠬᠥᠨᠳᠡᠢ ᠬᠠᠭᠤᠷᠮᠠᠭ᠂ ᠲᠤᠭ ᠬᠢᠭᠢᠷᠢ ᠣᠯᠠᠨ ᠳ᠋ᠤᠷ᠂ ᠵᠠᠮᠤᠬ᠎ᠠ ᠢᠯᠠᠭᠤ ᠶ᠋ᠢᠨ ᠵᠦᠭ ᠶᠠᠭᠰᠢᠨ ᠢᠨᠢᠶᠡᠵᠦ ᠥᠭᠦᠯᠡᠷᠦᠨ : 《ᠡᠨᠡ ᠯᠠᠪ ᠲᠡᠮᠦᠵᠢᠨ ᠦ᠌ ᠮᠠᠨ ᠢ᠋ ᠰᠡᠵᠢᠭᠯᠡᠭᠦᠯᠬᠦ ᠠᠷᠭ᠎ᠠ ᠮᠥᠨ᠂ ᠣᠨᠴᠠ ᠡᠨᠡ ᠠᠷᠭ᠎ᠠ ᠶ᠋ᠢᠨ ᠲᠡᠰᠢᠷᠠᠮ᠎ᠡ ᠠᠯᠠᠵᠤ ᠠᠷᠢᠯᠭᠠᠶ᠎ᠠ᠂ ᠪᠢ ᠦᠵᠡᠪᠡᠰᠦ ᠲᠡᠮᠦᠵᠢᠨ ᠦ᠌ ᠲᠡᠮᠳᠡᠭᠲᠦ ᠲᠤᠭ ᠰᠢᠭᠦᠷ ᠪᠠᠢᠬᠤ ᠪᠠᠷ ᠦᠵᠡᠬᠦᠯ᠎ᠡ ᠲᠡᠷᠡ ᠯᠠᠪ ᠢᠷᠡᠵᠦᠬᠦᠢ᠃ ᠲᠡᠮᠦᠵᠢᠨ ᠲᠦᠷᠦᠯᠬᠦ ᠳᠡᠭᠡᠷᠡᠩᠭᠦᠢ ᠣᠮᠣᠭ ᠲᠠᠢ ᠳ᠋ᠤᠷ᠂ ᠣᠯᠠᠨ ᠬᠥᠮᠦᠨ ᠪᠠᠰᠠ ᠤᠪᠣᠩᠴᠢᠯᠠᠨ ᠠᠶᠤᠭᠰᠠᠭᠠᠷ ᠲᠡᠷᠡ ᠨᠢᠭᠡᠨᠲᠡ ᠣᠮᠣᠭᠰᠢᠨ ᠡᠷᠡᠮᠰᠢᠵᠦᠬᠦᠢ᠃ ᠡᠨᠡ ᠤᠳᠠᠭ᠎ᠠ ᠣᠳᠣᠬᠠᠨ ᠴᠤ᠌ ᠣᠮᠣᠭ ᠳᠡᠭᠡᠷᠡᠩᠭᠦᠢ ᠶ᠋ᠢᠨ ᠭᠡᠮ ᠢ᠋ᠶ᠋ᠡᠨ ᠢᠳᠡᠵᠦ᠂ ᠣᠬᠣᠷ ᠵᠠᠭᠤᠷᠮ᠎ᠠ ᠪᠠᠷ ᠦᠬᠦᠮᠦᠢ ᠊ᠶ᠎ᠠ᠂ ᠲᠡᠷᠡ ᠬᠡᠳᠦᠬᠡᠨ ᠮᠢᠩᠭᠠᠨ ᠴᠡᠷᠢᠭ ᠢ᠋ᠶ᠋ᠡᠨ ᠠᠪᠴᠤ ᠮᠠᠨ ᠢ᠋ ᠰᠦᠷᠲᠡᠭᠡᠵᠦ ᠬᠡᠷᠬᠢᠨ ᠪᠣᠯᠬᠤ ? 《ᠣᠮᠣᠭᠰᠢᠭᠰᠠᠨ ᠬᠥᠮᠦᠨ ᠤᠷᠲᠤ ᠦᠭᠡᠢ ᠂ ᠣᠷᠣᠢᠲᠠᠭᠰᠠᠨ ᠬᠥᠮᠦᠨ ᠣᠯᠵᠠ ᠦᠭᠡᠢ 》 ᠬᠡᠮᠡᠭ᠍ᠰᠡᠨᠴᠢᠯᠡᠨ᠂ ᠮᠠᠷᠭᠠᠲᠠ ᠲᠡᠷᠡ ᠯᠠᠪ ᠡᠷᠡᠮᠡᠬᠡᠢ ᠵᠠᠩ ᠢ᠋ᠶ᠋ᠠᠷ ᠢ᠋ᠶ᠋ᠠᠨ ᠡᠰᠡᠷᠭᠦᠴᠡᠮᠦᠢ᠃ ᠪᠢᠳᠡ ᠰᠠᠢᠨ ᠬᠠᠷᠪᠤᠭᠠᠴᠢ ᠵᠠᠭᠤᠨ ᠬᠥᠮᠦᠨ ᠢ᠋ ᠰᠣᠩᠭᠣᠵᠤ᠂ ᠲᠡᠭᠦᠨ ᠢ᠋ ᠪᠠᠢᠯᠳᠤᠷ᠎ᠠ ᠢᠷᠡᠬᠦᠢ ᠳ᠋ᠦ᠍ᠷ ᠨᠢᠭᠤᠨ ᠬᠠᠷᠪᠤᠭᠤᠯᠰᠤᠭᠠᠢ᠂ ᠵᠠᠭᠤᠨ ᠬᠥᠮᠦᠨ ᠨᠢᠭᠡᠨ ᠬᠥᠮᠦᠨ ᠢ᠋ ᠣᠨᠢᠯᠠᠵᠤ ᠬᠠᠷᠪᠤᠭᠰᠠᠨ ᠠ᠋ᠴᠠ ᠲᠡᠷᠡ ᠬᠡᠷᠬᠢᠨ ᠬᠡᠯᠲᠦᠷᠢᠨ ᠴᠢᠳᠠᠮᠤᠢ ? ᠲᠡᠮᠦᠵᠢᠨ ᠨᠢᠭᠡᠨ ᠬᠥᠮᠦᠨ ᠤᠨᠠᠪᠠᠰᠤ᠂ ᠪᠸᠲ᠋ᠠ᠋ ᠤᠯᠤᠰ ᠳᠠᠷᠤᠢ ᠪᠠᠷᠠᠬᠤ ᠪᠣᠯᠠᠢ ! 》 ᠭᠡᠮᠡᠨ ᠴᠡᠷᠢᠭ ᠦ᠋ᠨ ᠳᠣᠲᠣᠷ᠎ᠠ ᠠ᠋ᠴᠠ ᠲᠦᠮᠡᠨ ᠡᠴᠡ ᠮᠢᠩᠭᠠᠨ᠂ ᠮᠢᠩᠭᠠᠨ ᠠ᠋ᠴᠠ ᠵᠠᠭᠤᠨ ᠰᠢᠯᠭᠠᠵᠤ᠂ ᠵᠠᠭᠤᠨ ᠢᠯᠡᠭᠦᠦ ᠰᠠᠢᠨ ᠬᠠᠷᠪᠤᠭᠠᠴᠢ ᠰᠣᠩᠭᠣᠨ ᠠᠪᠴᠤ ᠭᠤᠷᠪᠠᠨ ᠠᠢᠮᠠᠭ ᠴᠡᠷᠢᠭ ᠦ᠋ᠨ ᠳᠣᠲᠣᠷ᠎ᠠ ᠪᠠᠨ ᠨᠢᠭᠤᠵᠤ ᠮᠠᠷᠭᠠᠲᠠ ᠪᠠᠢᠯᠳᠤᠬᠤ ᠪᠠᠷ ᠲᠣᠭᠲᠠᠪᠠᠢ᠃  
       ᠡᠨᠡ ᠸᠠᠩ ᠬᠠᠭᠠᠨ ᠶᠠᠭᠠᠬᠢᠨ ᠥᠪᠡᠷ ᠦ᠋ᠨ ᠡᠷᠬᠡ ᠦᠭᠡᠢ ᠪᠣᠯᠪᠠ ?  ᠬᠡᠮᠡᠪᠡᠰᠦ : ᠲᠡᠭᠦᠨ ᠦ᠌ ᠡᠷᠬᠡ ᠪᠤᠰᠤ ᠪᠣᠯᠤᠭᠰᠠᠨ ᠢ᠋ ᠪᠠᠰᠠ ᠲᠠᠢᠯᠤᠨ ᠬᠡᠯᠡᠬᠦᠢ ᠳ᠋ᠦ᠍ᠷ ᠬᠦᠷᠪᠡ᠃ ᠤᠭ ᠠ᠋ᠴᠠ ᠸᠠᠩ ᠬᠠᠭᠠᠨ ᠳ᠋ᠤᠷ ᠠᠯᠲᠠᠨ ᠤᠯᠤᠰ ᠤ᠋ᠨ ᠵᠠᠩᠽᠦ᠋ᠩ ᠬᠠᠭᠠᠨ ᠲᠠᠮᠠᠭ᠎ᠠ ᠴᠠᠴᠤᠭ ᠥᠭᠴᠦ ᠡᠷᠭᠦᠮᠵᠢᠯᠡᠬᠦ ᠪᠡᠷ ᠮᠡᠬᠡᠯᠡᠵᠦ ᠠᠴᠢᠷᠠᠭᠰᠠᠨ ᠲᠤᠯᠠ ᠡᠳᠦᠭᠡ ᠮᠥᠨ ᠥᠪᠡᠷ᠎ᠡ ᠦᠭᠡ ᠬᠡᠯᠡᠵᠦ ᠪᠣᠯᠬᠤ ᠦᠭᠡᠢ ᠪᠣᠯᠤᠭᠰᠠᠨ ᠢ᠋ᠶ᠋ᠠᠷ ᠬᠤᠸᠠᠩ ᠲᠠᠢᠽᠢ ᠥᠭᠦᠯᠡᠷᠦᠨ : 《 ᠣᠳᠣ ᠬᠠᠭᠠᠨ ᠡᠴᠢᠭᠡ ᠪᠸᠲ᠋ᠠ᠋ ᠤᠯᠤᠰ ᠤ᠋ᠨ ᠴᠡᠷᠢᠭ ᠢ᠋ ᠨᠡᠬᠡᠵᠦ ᠥᠭᠬᠦ ᠦᠭᠡᠢ ᠪᠣᠯᠪᠠᠰᠤ ᠬᠡᠷᠬᠢᠮᠦᠢ ? 》 ᠬᠡᠮᠡᠭᠰᠡᠨ᠎ᠡ᠂  ᠵᠠᠮᠤᠬ᠎ᠠ ᠥᠭᠦᠯᠡᠷᠦᠨ : 《ᠡᠨᠡ ᠶᠠᠮᠪᠠᠷ ᠪᠡᠷᠬᠡ ᠭᠠᠵᠠᠷ ᠪᠣᠢ ? ᠡᠭᠦᠨ ᠢ᠋ ᠣᠯᠠᠨ ᠦᠭᠡ ᠬᠡᠷᠡᠭ ᠦᠭᠡᠢ᠃ 》ᠬᠡᠮᠡᠭᠡᠳ ᠢᠯᠠᠭᠤ ᠶ᠋ᠢᠨ ᠴᠢᠬᠢᠨ ᠳ᠋ᠦ᠍ᠷ ᠡᠢᠮᠦ ᠲᠡᠢᠮᠦ ᠭᠡᠮᠡᠨ ᠬᠡᠯᠡᠭᠰᠡᠨ ᠳ᠋ᠦ᠍ᠷ ᠢᠯᠠᠭᠤ ᠠᠯᠠᠭ᠎ᠠ ᠪᠠᠨ ᠲᠡᠰᠢᠵᠦ ᠢᠨᠢᠶᠡᠨ ᠥᠭᠦᠯᠡᠷᠦᠨ : 《ᠡᠨᠡ ᠠᠷᠭ᠎ᠠ ᠮᠠᠰᠢ ᠵᠦᠢ 》ᠬᠡᠮᠡᠵᠦ᠂ ᠳᠠᠷᠤᠢ ᠬᠣᠢᠲᠤ ᠶᠡᠬᠡ ᠬᠦᠷᠢᠶ᠎ᠡ ᠳ᠋ᠦ᠍ᠷ ᠸᠠᠩ ᠬᠠᠭᠠᠨ ᠳ᠋ᠤᠷ ᠠᠢᠯᠠᠳᠬᠠᠷᠤᠨ : 《ᠬᠠᠭᠠᠨ ᠡᠴᠢᠭᠡ ᠪᠠᠢᠨ ᠪᠠᠢᠨ ᠪᠸᠲ᠋ᠠ᠋ ᠤᠯᠤᠰ ᠤ᠋ᠨ ᠲᠡᠮᠦᠵᠢᠨ ᠢ᠋ ᠥᠮᠥᠭᠯᠡᠨ ᠬᠥᠪᠡᠭᠦᠨ ᠨᠠᠮᠠᠶ᠋ᠢ ᠪᠤᠷᠤᠭᠤᠰᠢᠶᠠᠨ ᠤᠨᠲᠤᠭᠤᠴᠠᠮᠤᠢ᠂ ᠡᠳᠦᠭᠡ ᠶᠠᠮᠪᠠᠷ ᠪᠠᠢᠨ᠎ᠠ ? 》 ᠸᠠᠩ ᠬᠠᠭᠠᠨ : 《 ᠬᠡᠷᠬᠢᠪᠡ ? 》 ᠭᠡᠮᠡᠨ ᠠᠰᠠᠭᠤᠬᠤᠢ ᠳ᠋ᠤᠷ ᠲᠠᠢᠽᠢ ᠢᠯᠠᠭᠤ ᠠᠢᠯᠠᠳᠬᠠᠷᠤᠨ : 《ᠮᠠᠨ ᠤ᠋ ᠶᠡᠬᠡ ᠠᠯᠲᠠᠨ ᠤᠯᠤᠰ ᠤ᠋ᠨ ᠵᠠᠩᠽᠦ᠋ᠩ ᠬᠠᠭᠠᠨ ᠥᠪᠡᠷ ᠦ᠋ᠨ ᠲᠥᠷᠥᠯ ᠦ᠋ᠨ ᠸᠠᠨ ᠶᠠᠨ ᠱᠸᠦ ᠨᠡᠷᠡᠲᠦ ᠽᠠᠢᠰᠢᠶᠠᠩ ᠢ᠋ᠶ᠋ᠠᠨ ᠵᠠᠷᠤᠵᠤ᠂ ᠬᠠᠭᠠᠨ ᠡᠴᠢᠭᠡ ᠳ᠋ᠦ᠍ᠷ ᠤᠮᠠᠷ᠎ᠠ ᠭᠠᠵᠠᠷ ᠤ᠋ᠨ ᠬᠠᠭᠠᠨ ᠤ᠋ ᠴᠣᠯᠠ ᠪᠠ ᠬᠠᠰ ᠤ᠋ᠨ ᠲᠠᠮᠠᠭ᠎ᠠ ᠴᠠᠴᠤᠭ ᠢ᠋ ᠡᠷᠭᠦᠵᠦ᠂ ᠮᠠᠨ ᠤ᠋ ᠴᠡᠷᠢᠭ ᠢ᠋ ᠦᠵᠡᠷ᠎ᠡ ᠢᠷᠡᠭᠰᠡᠨ ᠢ᠋ ᠪᠸᠲ᠋ᠠ᠋ ᠤᠯᠤᠰ ᠤ᠋ᠨ ᠡᠵᠡᠨ ᠲᠡᠮᠦᠵᠢᠨ ᠡᠳᠦᠢ ᠪᠣᠯᠲᠠᠯ᠎ᠠ ᠬᠠᠯᠬᠠᠯᠠᠨ ᠴᠡᠷᠢᠭᠯᠡᠵᠦ ᠪᠥᠬᠥᠶ᠎ᠡ᠂ ᠠᠯᠲᠠᠨ ᠤᠯᠤᠰ ᠭᠤᠴᠢᠨ ᠲᠦᠮᠡᠨ ᠴᠡᠷᠢᠭ ᠢ᠋ᠶ᠋ᠡᠷ ᠪᠸᠲ᠋ᠠ᠋ ᠤᠯᠤᠰ ᠤ᠋ᠨ ᠨᠤᠲᠤᠭ ᠢ᠋ ᠲᠡᠭᠰᠢᠯᠡᠷ᠎ᠡ ᠢᠷᠡᠭᠰᠡᠨ ᠳ᠋ᠦ᠍ᠷ ᠮᠤᠬᠤᠯᠢ᠂ ᠪᠤᠭᠤᠷᠵᠢ ᠨᠠᠷ ᠢ᠋ᠶ᠋ᠠᠨ ᠢᠯᠡᠭᠡᠵᠦ᠂ ᠨᠤᠲᠤᠭ ᠢ᠋ᠶ᠋ᠠᠨ ᠰᠠᠷᠯᠠᠭ᠂ ᠳᠤᠭᠮᠤᠭ ᠲᠤᠷ ᠢᠯᠡᠭᠡᠭᠡᠳ ᠥᠪᠡᠷ ᠢ᠋ᠶ᠋ᠡᠨ ᠬᠡᠳᠦᠬᠡᠨ ᠮᠢᠩᠭᠠᠨ ᠴᠡᠷᠢᠭ ᠢ᠋ᠶ᠋ᠡᠷ ᠪᠠᠰᠠ ᠬᠦ᠌ ᠮᠠᠨ ᠤ᠋ ᠵᠠᠮ ᠢ᠋ ᠬᠠᠯᠬᠠᠯᠠᠵᠤ᠂ ᠡᠭᠡᠨᠡᠭᠲᠡ ᠠᠯᠲᠠᠨ ᠤᠯᠤᠰ ᠤ᠋ᠨ ᠡᠷᠭᠦᠮᠵᠢᠯᠡᠯ ᠢ᠋ ᠠᠪᠤᠭᠤᠯᠬᠤ ᠦᠭᠡᠢ᠂ ᠠᠲᠠᠭᠠᠲᠤ ᠰᠡᠳᠬᠢᠯ ᠠᠰᠤᠷᠤ ᠬᠡᠲᠦᠷᠬᠡᠢ ᠠᠭᠤᠷᠯᠠᠯᠲᠠᠢ ᠪᠠᠢᠨᠠᠮ ! 》ᠬᠡᠮᠡᠭᠰᠡᠨ ᠳ᠋ᠦ᠍ᠷ ᠲᠣᠭᠲᠠᠭᠤᠷᠢ ᠦᠭᠡᠢ ᠲᠤᠭᠤᠷᠢᠯ ᠤ᠋ᠨ ᠲᠣᠯᠣᠭᠠᠢ ᠠᠨᠤ ᠡᠷᠭᠢᠨ᠂ ᠳᠣᠲᠣᠷ᠎ᠠ ᠠᠨᠤ ᠡᠷᠭᠢᠭᠦᠳᠡᠵᠦ᠂ ᠲᠣᠭᠣᠭ᠎ᠠ ᠪᠤᠴᠠᠯᠬᠤ ᠠᠳᠠᠯᠢ ᠪᠣᠯᠲᠠᠯ᠎ᠠ ᠠᠭᠤᠷᠰᠠᠵᠤ ᠥᠭᠦᠯᠡᠷᠦᠨ : 《ᠪᠸᠲ᠋ᠠ᠋ ᠶ᠋ᠢᠨ ᠡᠵᠡᠨ ᠲᠡᠮᠦᠵᠢᠨ ᠬᠥᠪᠡᠭᠦᠨ ᠠᠯᠲᠠᠨ ᠤᠯᠤᠰ ᠤ᠋ᠨ ᠡᠷᠭᠦᠮᠵᠢᠯᠡᠬᠦ ᠶ᠋ᠢ ᠥᠪᠡᠷ ᠢ᠋ᠶ᠋ᠡᠨ ᠦᠯᠦ ᠬᠦᠯᠢᠶᠡᠬᠦ ᠪᠥᠭᠡᠳ ᠨᠠᠮᠠᠶ᠋ᠢ ᠡᠷᠭᠦᠮᠵᠢᠯᠡᠬᠦ ᠶ᠋ᠢ ᠲᠡᠷᠡ ᠬᠠᠯᠠᠠᠭᠯᠠᠬᠤ ᠠᠨᠤ ᠶᠠᠭᠤᠨ ? ᠡᠢᠮᠦ ᠪᠥᠭᠡᠳ ᠨᠠᠮᠠᠶ᠋ᠢ ᠪᠠᠰᠠ ᠡᠯᠴᠢ ᠢᠯᠡᠭᠡᠵᠦ ᠢᠴᠢᠭᠡᠪᠡᠢ ᠂ ᠳᠠᠬᠢᠨ ᠲᠥᠷᠥᠵᠦ ᠳᠠᠯᠠᠢ ᠶ᠋ᠢᠨ ᠤᠰᠤᠨ ᠢ᠋ᠶ᠋ᠠᠷ ᠤᠬᠢᠶᠠᠪᠠᠴᠤ ᠲᠡᠭᠦᠨ ᠳ᠋ᠦ᠍ᠷ ᠰᠠᠢᠨ ᠪᠣᠯᠬᠤᠶ᠎ᠠ ᠪᠡᠷᠬᠡ ᠪᠣᠯᠪᠠ !》ᠬᠡᠮᠡᠭᠡᠳ ᠲᠥᠷᠥᠯ ᠳᠥᠷᠪᠢᠯ ᠥᠭᠡᠶ᠎ᠡ ᠶᠡᠬᠡ ᠴᠡᠷᠢᠭ ᠢ᠋ᠶ᠋ᠡᠨ ᠠᠪᠴᠤ ᠪᠸᠲ᠋ᠠ᠋ ᠤᠯᠤᠰ ᠤ᠋ᠨ ᠴᠡᠷᠢᠭ ᠢ᠋ ᠰᠢᠪᠲᠤᠯᠤᠨ ᠭᠠᠷᠰᠤᠭᠠᠢ ᠬᠡᠮᠡᠬᠦᠢ ᠳ᠋ᠦ᠍ᠷ ᠲᠠᠢᠽᠢ ᠢᠯᠠᠭᠤ ᠳᠠᠬᠢᠨ ᠰᠥᠭᠥᠳᠴᠦ ᠠᠢᠯᠠᠳᠬᠠᠷᠤᠨ : 《ᠬᠠᠭᠠᠨ ᠡᠴᠢᠭᠡ ᠶ᠋ᠢᠨ ᠰᠢᠪᠲᠤᠯᠤᠨ ᠠᠯᠠᠨ ᠭᠠᠷᠬᠤ ᠠᠨᠤ ᠴᠣᠬᠣᠮ ᠳ᠋ᠤᠷ ᠵᠦᠢ ᠪᠣᠯᠠᠢ ! 》ᠸᠠᠩ ᠬᠠᠭᠠᠨ ᠪᠠᠰᠠ ᠠᠰᠠᠭᠤᠷᠤᠨ : 《ᠪᠸᠲ᠋ᠠ᠋ ᠤᠯᠤᠰ ᠤ᠋ᠨ ᠴᠡᠷᠢᠭ ᠦᠨᠡᠬᠡᠷ ᠬᠡᠳᠦᠢ ᠪᠣᠢ ? ᠦᠨᠡᠨ ᠢ᠋ ᠣᠯᠪᠠᠤ ? 》ᠲᠠᠢᠽᠢ ᠢᠯᠠᠭᠤ ᠠᠢᠯᠠᠳᠬᠠᠷᠤᠨ : 《 ᠲᠤᠷᠰᠢᠭᠤᠯ ᠬᠡᠳᠦᠢᠨᠡᠢ ᠢᠷᠡᠵᠦ ᠮᠡᠳᠡᠭᠦᠯᠦᠭᠰᠡᠨ ᠢᠨᠦ᠂ ᠬᠡᠳᠦᠨ ᠮᠢᠩᠭᠠᠨ ᠠ᠋ᠴᠠ ᠬᠡᠲᠦᠷᠡᠬᠦ ᠦᠭᠡᠢ᠂ ᠴᠥᠮ ᠢ᠋ᠶ᠋ᠠᠷ ᠬᠠᠭᠤᠷᠮᠠᠭ ᠰᠦᠷ ᠲᠠᠯᠪᠢᠨ ᠰᠥᠷᠴᠦ ᠲᠤᠯᠤᠮᠤᠢ ᠭᠡᠮᠡᠨ ᠥᠴᠢᠬᠦ ᠢᠨᠦ ᠮᠠᠰᠢ ᠦᠨᠡᠨ᠃ 》 ᠬᠡᠮᠡᠭᠰᠡᠨ ᠳ᠋ᠦ᠍ᠷ ᠸᠠᠩ ᠬᠠᠭᠠᠨ ᠰᠢᠪᠲᠤᠯᠵᠤ ᠠᠯᠠᠨ ᠭᠠᠷᠲᠤᠭᠠᠢ ᠬᠡᠮᠡᠪᠡ ᠃                                                                                
       ᠲᠡᠭᠦᠨᠴᠡ ᠢᠯᠠᠭᠤ ᠶᠡᠬᠡᠯ᠎ᠡ ᠪᠠᠶᠠᠷᠯᠠᠨ ᠭᠠᠷᠴᠤ ᠢᠷᠡᠭᠡᠳ ᠵᠠᠮᠤᠬ᠎ᠠ ᠶ᠋ᠢᠨ ᠳᠡᠷᠭᠡᠳᠡ ᠢᠷᠠᠪᠠᠰᠤ᠂ ᠵᠠᠮᠤᠬ᠎ᠠ ᠪᠸᠲ᠋ᠠ᠋ ᠤᠯᠤᠰ ᠠ᠋ᠴᠠ ᠳᠠᠭᠠᠵᠤ ᠢᠷᠡᠭᠰᠡᠨ ᠠᠷᠳᠠ᠂ ᠬᠤᠰᠠᠭᠤᠷ ᠯᠤᠭ᠎ᠠ ᠠᠷᠢᠬᠢ ᠤᠤᠭᠤᠵᠤ ᠬᠠᠷᠠᠬᠠᠨ ᠲᠡᠮᠦᠵᠢᠨ ᠦ᠌ ᠵᠠᠩ ᠠᠨᠤ ᠡᠢᠮᠦ ᠪᠤᠰᠤ ᠤᠤ ? ᠠᠭᠠᠰᠢ ᠠᠨᠤ ᠲᠡᠢᠮᠦ ᠪᠤᠰᠤ ᠤᠤ ?  ᠭᠡᠮᠡᠨ ᠶᠡᠬᠡᠯ᠎ᠡ ᠢᠨᠢᠶᠡᠨ᠂ ᠶᠡᠬᠡᠯ᠎ᠡ ᠬᠡᠯᠡᠯᠴᠡᠵᠦ ᠨᠠᠢᠷᠠᠯᠳᠤᠵᠤ ᠪᠥᠬᠥᠶ᠎ᠡ᠂ ᠬᠤᠸᠠᠩ ᠲᠠᠢᠽᠢ ᠢ ᠰᠢᠨ᠎ᠡ ᠭᠡᠨᠡᠳᠲᠡ ᠣᠷᠣᠵᠤ ᠡᠴᠢᠭᠰᠡᠨ ᠳ᠋ᠦ᠍ᠷ ᠶᠡᠬᠡ ᠶᠤᠸᠠᠨᠱᠤᠸᠠᠢ ᠵᠠᠮᠤᠬ᠎ᠠ᠂ ᠲᠠᠢᠰᠢ᠂ ᠲᠠᠢᠪᠤᠤ᠂ ᠠᠷᠳᠠ᠂ ᠬᠤᠰᠠᠭᠤᠷ ᠶᠡᠬᠡᠯ᠎ᠡ ᠠᠶᠤᠭᠰᠠᠨ ᠳᠦᠷᠢ ᠪᠡᠷ ᠭᠦᠶᠦᠯᠴᠡᠨ ᠪᠣᠰᠴᠤ ᠶᠡᠬᠡ ᠲᠠᠢᠽᠢ ᠶᠠᠭᠤᠨ ᠳ᠋ᠤᠷ ᠡᠢᠨ ᠬᠦ᠌ ᠦᠴᠦᠭᠦᠷᠬᠡᠨ ᠶᠠᠪᠤᠮᠤᠢ ? 》ᠬᠡᠮᠡᠬᠦᠶ᠎ᠡ᠂ ᠢᠯᠠᠭᠤ ᠢᠷᠵᠠᠢᠨ ᠢᠨᠢᠶᠡᠵᠦ ᠢᠪᠠᠭᠠᠨᠠᠳᠠᠨ ᠥᠭᠦᠯᠡᠷᠦᠨ : 《ᠪᠣᠳᠣᠯᠭ᠎ᠠ ᠪᠠᠭᠠᠲᠤᠷᠲᠤ ᠶᠤᠸᠠᠨᠱᠤᠸᠠᠢ ᠶ᠋ᠢᠨ ᠪᠣᠳᠣᠭᠰᠠᠨ ᠠ᠋ᠴᠠ ᠭᠠᠷᠤᠭᠰᠠᠨ ᠦᠭᠡᠢ ! 》 ᠬᠡᠮᠡᠲᠡᠯ᠎ᠡ ᠵᠠᠮᠤᠬ᠎ᠠ ᠶᠠᠭᠠᠷᠠᠨ ᠠᠰᠠᠭᠤᠷᠤᠨ : 《 ᠶᠠᠮᠪᠠᠷ ᠪᠣᠢ ? ᠬᠠᠭᠠᠨ ᠡᠵᠡᠨ ᠶᠠᠭᠤ ᠬᠡᠮᠡᠪᠡ ? 》ᠢᠯᠠᠭᠤ ᠥᠴᠢᠷᠦᠨ : 《 ᠬᠠᠭᠠᠨ ᠡᠴᠢᠭᠡ ᠰᠢᠪᠲᠤᠯᠤᠨ ᠭᠠᠷᠤᠮᠤᠢ ᠬᠡᠮᠡᠪᠡ᠂ ᠪᠤᠰᠤ ᠵᠠᠮ ᠢ᠋ᠶ᠋ᠠᠷ ᠡᠴᠢᠪᠡᠰᠦ ᠬᠤᠳᠠᠷᠭᠠᠯᠠᠨ ᠠᠯᠠᠬᠤ ᠶ᠋ᠢ ᠪᠠᠰᠠ ᠮᠡᠳᠡᠪᠡ᠃ 》 ᠬᠡᠮᠡᠭᠰᠡᠨ ᠳ᠋ᠦ᠍ᠷ ᠵᠠᠮᠤᠬ᠎ᠠ᠂ ᠠᠷᠳᠠ᠂ ᠬᠤᠰᠠᠭᠤᠷ ᠭᠤᠷᠪᠠᠭᠤᠯᠠ ᠴᠤᠭᠠᠷ ᠠᠯᠠᠭ᠎ᠠ ᠪᠠᠨ ᠲᠠᠰᠢᠵᠤ ᠶᠡᠬᠡᠯ᠎ᠡ ᠢᠨᠢᠶᠡᠵᠦ ᠥᠭᠦᠯᠡᠷᠦᠨ :《ᠡᠨᠡ ᠡᠳᠦᠷ ᠪᠢᠳᠡ ᠵᠠᠵᠠᠭᠢᠶᠠᠨᠲᠤ ᠨᠡᠷ᠎ᠡ ᠲᠡᠢ ᠠᠭᠤᠯᠠᠨ ᠢ᠋ ᠥᠩᠭᠡᠷᠡᠨ ᠭᠠᠷᠴᠤ ᠢᠷᠡᠬᠦᠶ᠎ᠡ᠂ ᠰᠠᠶᠢ ᠵᠤᠨ ᠤ᠋ ᠡᠬᠢ ᠣᠷᠣᠮᠠᠭᠴᠠ ᠠᠭᠤᠯᠠ ᠲᠠᠯ᠎ᠠ ᠶ᠋ᠢᠨ ᠵᠠᠵᠢᠭᠢᠨᠠᠬᠤ ᠬᠣᠷᠣᠬᠠᠢ ᠴᠥᠮ ᠳᠠᠭᠤᠨ ᠭᠠᠷᠴᠤ ᠠᠭᠤᠯᠠ ᠳᠦᠭᠦᠷᠡᠩ ᠵᠢᠷᠭᠢᠨ ᠳᠤᠤᠭᠠᠷᠴᠤ ᠪᠣᠢ᠂ ᠮᠠᠨ ᠤ᠋ ᠡᠨᠳᠡ ᠬᠡᠵᠢᠶ᠎ᠡ ᠳᠣᠯᠣᠭᠠᠨ ᠰᠠᠷ᠎ᠠ ᠡᠬᠢᠯᠡᠪᠡᠰᠦ ᠰᠠᠶᠢ ᠳᠤᠤᠭᠠᠷᠬᠤ ᠪᠥᠭᠡᠲᠡᠯ᠎ᠡ ᠡᠢᠮᠦ ᠡᠷᠲᠡ ᠲᠠᠯ᠎ᠠ ᠶ᠋ᠢᠨ ᠴᠠᠯᠴᠢᠬᠠᠢ ᠬᠣᠷᠣᠬᠠᠢ ᠳᠠᠭᠤᠨ ᠭᠠᠷᠤᠭᠰᠠᠨ ᠠᠨᠤ ᠦᠵᠡᠰᠡ ᠮᠠᠨ ᠤ᠋ ᠡᠵᠡᠨ ᠬᠠᠭᠠᠨ ᠬᠣᠢᠲᠤ ᠭᠠᠵᠠᠷ ᠢ᠋ ᠨᠡᠢᠭᠡᠮᠯᠡᠬᠦ ᠶᠡᠬᠡ ᠪᠠᠶᠠᠷ ᠢ᠋ ᠪᠡᠯᠭᠡᠯᠡᠬᠦ ᠠᠵᠤᠭᠤ ! ᠮᠠᠨ ᠤ᠋ ᠬᠠᠭᠠᠨ ᠡᠵᠡᠨ ᠦ᠌ ᠡᠮᠦᠨ᠎ᠡ ᠵᠢᠳᠬᠦᠵᠦ ᠦᠬᠦᠪᠡᠴᠦ ᠭᠦᠢᠴᠡᠬᠦ ᠦᠭᠡᠢ ᠢᠨᠣ ᠴᠥᠮ ᠬᠤᠸᠠᠩ ᠲᠠᠢᠽᠢ ᠸᠠᠩ ᠡᠵᠡᠨ ᠢ᠋ᠶ᠋ᠡᠨ ᠲᠥᠯᠥᠭᠡ ᠲᠦᠮᠡᠨ ᠤᠯᠤᠰ ᠢ᠋ ᠬᠤᠷᠢᠶᠠᠵᠤ ᠥᠭᠭᠦᠭᠡᠳ ᠲᠦᠮᠡᠨ ᠢ᠋ ᠲᠡᠷᠢᠭᠦᠯᠡᠬᠦ ᠲᠦᠰᠢᠮᠡᠯ ᠪᠣᠯᠰᠤᠭᠠᠢ ᠬᠡᠮᠡᠬᠦ ᠶ᠋ᠢᠨ ᠲᠤᠯᠠ ᠪᠣᠯᠠᠢ ! 》 ᠬᠡᠮᠡᠵᠦ ᠮᠥᠷᠭᠥᠬᠦᠢ ᠳ᠋ᠦ᠍ᠷ ᠢᠯᠠᠭᠤ ᠢᠨᠴᠢᠷᠬᠠᠳᠠᠶ᠎ᠠ ᠢᠨᠢᠶᠡᠵᠦ᠂ ᠲᠡᠳᠬᠦᠨ ᠪᠣᠰᠬᠠᠭᠠᠳ ᠳᠥᠷᠪᠡᠨ ᠬᠥᠮᠦᠨ ᠬᠠᠮᠲᠤ ᠰᠠᠭᠤᠵᠤ ᠰᠣᠭᠲᠣᠲᠠᠯ᠎ᠠ ᠠᠷᠢᠬᠢᠳᠠᠵᠤ᠂ ᠢᠯᠠᠭᠤ ᠪᠠᠭᠤᠳᠠᠯ ᠳ᠋ᠠᠭᠠᠨ ᠡᠭᠡᠬᠦᠶ᠎ᠡ ᠵᠠᠮᠤᠬ᠎ᠠ ᠶ᠋ᠢᠨ ᠭᠠᠷ ᠠ᠋ᠴᠠ ᠪᠠᠷᠢᠵᠤ ᠢᠨᠢᠶᠡᠨ ᠥᠭᠦᠯᠡᠷᠦᠨ : 《 ᠪᠢ ᠠᠯᠢ ᠡᠳᠦᠷ ᠪᠸᠲ᠋ᠠ᠋ ᠤᠯᠤᠰ ᠢ᠋ ᠪᠠᠷᠠᠲᠠᠯ᠎ᠠ ᠠᠷᠢᠯᠭᠠᠭᠠᠳ ᠠᠬ᠎ᠠ ᠴᠢᠨᠦ ᠰᠢᠨ᠎ᠡ ᠠᠪᠤᠭᠰᠠᠨ ᠲᠡᠷᠡ ᠬᠡᠳᠦᠨ ᠲᠠᠲᠠᠪᠤᠷᠢ ᠪᠡᠷᠭᠡᠳ ᠦ᠋ᠨ ᠮᠡᠲᠦ ᠰᠠᠢᠬᠠᠨ ᠡᠮ᠎ᠡ ᠣᠯᠵᠤ ᠠᠪᠬᠤ ᠪᠣᠯᠪᠠ ? 》 ᠬᠡᠮᠡᠭᠰᠡᠨ ᠳ᠋ᠦ᠍ᠷ ᠵᠠᠮᠤᠬ᠎ᠠ ᠢᠬᠢᠷ ᠢ᠋ᠶ᠋ᠡᠷ ᠢᠨᠢᠶᠡᠵᠦ᠂ ᠳᠣᠲᠣᠷ᠎ᠠ ᠪᠠᠨ ᠶᠠᠰᠤᠨ ᠳ᠋ᠤᠷ ᠬᠦᠷᠲᠡᠯ᠎ᠡ ᠬᠣᠷᠣᠰᠴᠤ ᠰᠡᠵᠢᠭᠯᠡᠪᠡᠢ᠂ ᠡᠨᠡ ᠦᠨᠡᠬᠡᠷ : 
             ᠣᠶᠤᠲᠠᠨ ᠮᠡᠷᠭᠡᠳ ᠦ᠋ᠨ ᠬᠠᠨᠢᠯᠠᠬᠤ ᠠᠨᠤ 
            ᠤᠰᠤᠨ ᠮᠡᠲᠦ ᠵᠥᠭᠡᠭ ᠤᠷᠲᠤ᠂ 
            ᠤᠷᠰᠢᠭᠲᠤ ᠠᠷᠠᠳ ᠤ᠋ᠨ ᠨᠥᠬᠥᠷᠯᠡᠬᠦ ᠠᠨᠤ 
            ᠤᠷᠢᠳᠠ ᠡᠯ ᠬᠣᠢᠨ᠎ᠠ ᠳᠠᠢᠰᠤᠨ ! 
ᠬᠡᠮᠡᠭᠴᠢ ᠴᠣᠬᠣᠮ ᠡᠭᠦᠨ ᠢ᠋ ᠬᠡᠯᠡᠭᠰᠡᠨ ᠪᠣᠯᠠᠢ᠃ ᠵᠠᠮᠤᠬ᠎ᠠ ᠭᠠᠭᠴᠠ ᠾᠧ ᠸᠠᠩ ᠲᠤᠭᠤᠷᠢᠯ ᠳ᠋ᠤᠷ ᠬᠣᠷᠣᠰᠤᠭᠰᠠᠨ ᠠᠨᠤ ᠪᠤᠰᠤ᠂ ᠭᠦᠨ ᠬᠣᠷᠣᠰᠤᠯ ᠰᠡᠵᠢᠭᠯᠡᠯ ᠢᠯᠠᠭᠤ ᠳ᠋ᠤᠷ ᠪᠣᠢ ᠪᠣᠯᠠᠢ᠃ ᠦᠵᠡᠬᠦ ᠮᠡᠷᠭᠡᠳ ᠳᠠᠷᠠᠭ᠎ᠠ ᠪᠦᠯᠦᠭ ᠲᠣᠷ ᠰᠠᠢᠬᠠᠨ ᠦᠵᠡᠭᠳᠡᠬᠦᠢ᠃ ᠡᠬᠡᠨᠡᠷ ᠦ᠋ᠨ ᠡᠯᠦ ᠳ᠋ᠦ᠍ᠷ ᠢᠴᠡᠭᠡᠯᠡᠭᠰᠡᠨ ᠠᠷᠠᠳ ᠲᠤᠷ ᠶᠠᠭᠤᠨᠠᠢ ᠡᠷᠬᠢᠮ ᠶᠡᠬᠡ ᠰᠠᠨᠠᠭᠠᠨ ᠪᠠᠢᠬᠤ ᠠᠵᠢ ? ᠡᠨᠡ ᠰᠠᠢᠬᠠᠨ ᠢ᠋ ᠡᠭᠡᠭᠦᠯᠦᠨ ᠴᠢᠳᠠᠭᠴᠢᠳ ᠢ᠋ ᠡᠷᠳᠡᠮᠲᠡᠨ ᠬᠡᠮᠡᠬᠦ ᠪᠣᠯᠠᠢ !
       ᠵᠢᠴᠢ ᠥᠷᠯᠥᠭᠡ ᠪᠠᠢᠯᠳᠤᠬᠤ ᠡᠯᠴᠢ ᠢᠯᠡᠭᠡᠵᠦ᠂ ᠮᠠᠷᠭᠠᠲᠠ ᠶ᠋ᠢᠨ ᠯᠤᠤ ᠴᠠᠭ ᠲᠤᠷ ᠲᠤᠯᠭᠠᠯᠴᠠᠮᠤᠢ ᠬᠡᠮᠡᠭᠰᠡᠨ ᠳ᠋ᠦ᠍ᠷ ᠲᠠᠢᠽᠦ ᠡᠯᠴᠢ ᠯᠣᠭᠡ ᠪᠡᠶ᠎ᠡ ᠪᠡᠷ ᠵᠣᠯᠭᠠᠨ ᠱᠠᠩ ᠬᠤᠷᠢᠮ ᠥᠭᠴᠦ ᠦᠭᠡ ᠶ᠋ᠢᠨ ᠶᠣᠰᠣᠭᠠᠷ ᠬᠦᠯᠢᠶᠡᠵᠦ ᠡᠭᠡᠭᠦᠯᠪᠡ᠃ ᠵᠢᠴᠢ ᠥᠷᠯᠥᠭᠡ ᠬᠣᠶᠠᠷ ᠡᠲᠡᠭᠡᠳ ᠦ᠋ᠨ ᠴᠡᠷᠢᠭ ᠬᠠᠯᠠᠭᠠᠢᠲᠤ ᠬᠡᠮᠡᠬᠦ ᠠᠭᠤᠯᠠᠨ ᠤ᠋ ᠠᠷᠤ ᠳ᠋ᠤ᠌ ᠵᠢᠭᠰᠠᠭᠠᠭᠰᠠᠨ ᠳ᠋ᠤᠷ ᠶᠤᠸᠠᠨᠱᠤᠸᠠᠢ ᠵᠠᠮᠤᠬ᠎ᠠ ᠣᠯᠠᠨ ᠵᠠᠩᠵᠤᠨ ᠨᠠᠷ ᠤ᠋ᠨ ᠵᠦᠭ ᠠᠰᠠᠭᠤᠷᠤᠨ : 《ᠬᠡᠨ ᠭᠠᠷᠴᠤ ᠲᠡᠮᠦᠵᠢᠨ ᠢ᠋ ᠪᠠᠷᠢᠮᠤᠢ ? 》 ᠬᠡᠮᠡᠬᠦᠢ ᠳ᠋ᠦ᠍ᠷ ᠲᠠᠢᠪᠤᠤ ᠭᠣᠯᠢᠨᠲᠠᠢ ᠭᠠᠷᠴᠤ ᠢᠨᠢᠶᠡᠨ ᠥᠭᠦᠯᠡᠷᠦᠨ : 《 ᠪᠣᠷᠵᠢᠭᠢᠳ ᠤ᠋ᠨ ᠰᠦᠷ ᠢ᠋ ᠳᠠᠷᠤᠵᠤ ᠬᠠᠰᠠᠷ ᠢ᠋ ᠠᠨᠤ ᠬᠤᠪᠴᠢᠭᠰᠠᠨ ᠢ᠋ᠶ᠋ᠠᠷ ᠮᠥᠨ ᠬᠦ᠌ ᠲᠠᠢᠪᠤᠤ ᠪᠢ ᠭᠠᠷᠴᠤ ᠬᠦᠨᠳᠦ ᠭᠠᠪᠢᠶ᠎ᠠ ᠪᠠᠢᠭᠤᠯᠬᠤ ᠪᠣᠢ ᠊ᠶ᠎ᠠ! 》 ᠵᠠᠮᠤᠬ᠎ᠠ ᠰᠤᠷᠭᠠᠨ ᠥᠭᠦᠯᠡᠷᠦᠨ : 《ᠲᠡᠮᠦᠵᠢᠨ ᠦ᠌ ᠠᠳᠬᠠᠭ ᠬᠦᠴᠦᠨ ᠪᠠ ᠠᠷᠭ᠎ᠠ ᠤᠬᠠᠭᠠᠨ ᠢ᠋ ᠡᠩ ᠦ᠋ᠨ ᠠᠷᠠᠳ ᠲᠤᠷ ᠦᠯᠢᠳᠬᠡᠵᠦ ᠦᠯᠦ ᠪᠣᠯᠤᠮᠤᠢ ! ᠪᠢ ᠤᠷᠢᠳᠤ ᠡᠳᠦᠷ ᠲᠡᠭᠦᠨ ᠯᠣᠭᠡ ᠨᠥᠬᠥᠷᠯᠡᠵᠦ ᠪᠦᠬᠦᠢ ᠴᠠᠭ ᠲᠤᠷ ᠰᠠᠢᠬᠠᠨ ᠮᠡᠳᠡᠮᠦᠢ᠃ ᠴᠢ ᠭᠠᠷᠪᠠᠰᠤ ᠰᠠᠢᠬᠠᠨ ᠬᠢᠴᠢᠶᠡ ᠂ ᠠᠯᠳᠠᠰᠢ ᠭᠠᠷᠭᠠᠬᠤᠢ ᠳ᠋ᠤᠷ ᠪᠢᠲᠡᠭᠡᠢ ᠬᠦᠷᠭᠦᠯ᠃ ᠪᠸᠲ᠋ᠠ᠋ ᠤᠯᠤᠰ ᠬᠣᠶᠠᠷ ᠵᠠᠮ ᠤ᠋ᠨ ᠴᠡᠷᠢᠭ ᠲᠦ᠍ᠷ ᠬᠠᠪᠴᠢᠭᠳᠠᠵᠤ ᠬᠠᠷᠠᠬᠠᠨ ᠶᠠᠭᠠᠷᠠᠬᠤ ᠴᠠᠭ᠂ ᠲᠡᠷᠢᠭᠦᠨ ᠤᠳᠠᠭ᠎ᠠ ᠳ᠋ᠤᠷ ᠮᠠᠨ ᠤ᠋ ᠴᠡᠷᠢᠭ ᠲᠦ᠍ᠷ ᠳᠠᠷᠤᠭᠳᠠᠪᠠᠰᠤ᠂ ᠪᠸᠲ᠋ᠠ᠋ ᠶ᠋ᠢᠨ ᠴᠡᠷᠢᠭ ᠳᠠᠷᠤᠢ ᠰᠦᠷ ᠪᠠᠭᠤᠷᠠᠬᠤ ᠪᠣᠯᠠᠢ !》ᠭᠡᠮᠡᠨ ᠰᠠᠢᠲᠤᠷ ᠰᠤᠷᠭᠠᠨ ᠬᠡᠩᠭᠡᠷᠭᠡ ᠴᠣᠬᠢᠭᠤᠯᠵᠤ ᠭᠠᠷᠲᠠᠯ᠎ᠠ ᠪᠸᠲ᠋ᠠ᠋ ᠤᠯᠤᠰ ᠤ᠋ᠨ ᠲᠤᠭ ᠪᠠᠰᠠ ᠬᠥᠳᠡᠯᠵᠦ ᠵᠢᠭ᠍ᠰᠠᠭᠠᠯ ᠬᠥᠳᠡᠯᠦᠮᠡᠭᠴᠡ ᠶᠡᠬᠡ ᠵᠠᠩᠵᠤᠨ ᠵᠡᠯᠮ᠎ᠡ ᠵᠡᠭᠡᠷᠳᠡ ᠮᠣᠷᠢ ᠤᠨᠤᠵᠤ ᠵᠢᠳᠠ ᠪᠠᠷᠢᠨ ᠭᠠᠷᠴᠤ ᠢᠷᠡᠪᠡ᠃ ᠬᠣᠶᠠᠷ ᠡᠲᠡᠭᠡᠳ ᠦ᠋ᠨ ᠵᠠᠩᠵᠤᠨ ᠬᠠᠷᠢᠯᠴᠠᠨ ᠨᠡᠷ᠎ᠡ ᠣᠪᠣᠭ ᠢ᠋ᠶ᠋ᠠᠨ ᠠᠰᠠᠭᠤᠯᠴᠠᠵᠤ᠂ ᠭᠣᠯᠢᠨᠳᠠᠢ ᠭᠠᠤᠯᠢᠨ ᠪᠢᠯᠠᠭᠤ ᠪᠠᠨ ᠭᠣᠣᠯ ᠳᠤᠮᠳᠠ ᠠ᠋ᠴᠠ ᠪᠠᠷᠢᠵᠤ ᠭᠣᠳᠣᠯᠢ ᠮᠡᠲᠦ ᠡᠷᠭᠢᠭᠦᠯᠵᠦ ᠣᠷᠣᠭᠰᠠᠨ᠎ᠠ᠂ ᠵᠠᠯᠮ᠎ᠠ ᠶ᠋ᠢᠨ ᠰᠠᠷᠠᠲᠤ ᠵᠢᠳᠠ ᠠᠨᠤ ᠭᠣᠯᠢᠨᠲᠠᠢ ᠶ᠋ᠢᠨ ᠰᠠᠭᠠᠯᠳᠤᠷᠭ᠎ᠠ ᠠ᠋ᠴᠠ ᠠᠨᠤ ᠰᠠᠯᠬᠤ ᠦᠭᠡᠢ ᠴᠢᠴᠢᠯᠬᠢᠯᠠᠨ ᠣᠷᠣᠵᠤ᠂ ᠳᠡᠮᠡᠢ ᠠᠷᠪᠠᠨ ᠤᠳᠠᠭ᠎ᠠ ᠪᠣᠯᠤᠭᠰᠠᠨ ᠦᠭᠡᠢ ᠭᠣᠯᠢᠨᠲᠠᠢ ᠶ᠋ᠢᠨ ᠬᠣᠶᠠᠷ ᠮᠥᠷᠥ ᠬᠡᠳᠦ ᠬᠡᠳᠦᠨᠲᠡ ᠰᠡᠳᠡ ᠰᠡᠳᠡ ᠵᠢᠳᠠᠯᠠᠭᠳᠠᠵᠤ᠂ ᠭᠣᠯᠢᠨᠲᠠᠢ ᠠᠷᠠᠬᠠᠨ ᠵᠡᠯᠮ᠎ᠡ ᠶ᠋ᠢᠨ ᠶ᠋ᠢᠳᠠ ᠶ᠋ᠢ ᠭᠤᠷᠪᠠᠨ ᠳᠥᠷᠪᠡᠨ ᠤᠳᠠᠭ᠎ᠠ ᠵᠠᠢᠯᠠᠭᠤᠯᠤᠮᠠᠭᠴᠠ ᠨᠢᠭᠡᠮᠦᠰᠦᠨ ᠲᠤᠯᠤᠨ ᠴᠢᠳᠠᠬᠤ ᠦᠭᠡᠢ ᠪᠣᠯᠵᠤ᠂ ᠨᠢᠭᠡᠨᠲᠡ ᠪᠥᠬᠥᠢᠮᠡᠭᠴᠡ ᠵᠠᠯᠮ᠎ᠠ ᠶ᠋ᠢᠨ ᠵᠢᠳᠠᠨ ᠤ᠋ ᠳᠣᠣᠭᠤᠷ ᠰᠢᠷᠭᠤᠵᠤ᠂ ᠳᠠᠷᠤᠢ ᠵᠢᠭᠰᠠᠭᠠᠯ ᠳ᠋ᠤᠷ ᠢ᠋ᠶ᠋ᠠᠨ ᠳᠣᠪᠲᠣᠯᠤᠨ ᠣᠷᠣᠵᠤ ᠢᠷᠡᠭᠰᠡᠨ᠎ᠡ᠂ ᠵᠠᠮᠤᠬ᠎ᠠ ᠶᠡᠬᠡᠯ᠎ᠡ ᠪᠠᠴᠢᠮᠳᠠᠨ ᠲᠠᠢᠽᠦ ᠶ᠋ᠢ ᠥᠳᠥᠭᠡᠷ᠎ᠡ ᠥᠪᠡᠷ ᠦ᠋ᠨ ᠪᠡᠶ᠎ᠡ ᠪᠡᠷ ᠰᠠᠷᠠᠨ ᠰᠦᠬᠡ ᠡᠷᠭᠢᠭᠦᠯᠦᠨ ᠭᠠᠷᠴᠤ ᠢᠷᠡᠭᠰᠡᠨ᠎ᠡ ᠵᠠᠯᠮ᠎ᠠ ᠲᠣᠰᠴᠤ ᠠᠪᠲᠠᠯ᠎ᠠ ᠵᠠᠮᠤᠬ᠎ᠠ ᠣᠨᠴᠠ ᠲᠠᠢᠽᠦ ᠶ᠋ᠢ ᠭᠠᠷ ᠬᠡᠮᠡᠬᠦᠢ ᠳ᠋ᠦ᠍ᠷ ᠵᠠᠯᠮ᠎ᠠ : 《ᠰᠠᠪᠠᠭ᠎ᠠ ᠦᠭᠡᠢ ᠰᠠᠮᠠᠭᠤᠨ ᠣᠷᠭᠣᠳᠣᠣᠯ ᠤ᠋ᠨ ᠰᠠᠨᠠᠭᠠᠨ ᠤ᠋ ᠶᠡᠬᠡ ᠶ᠋ᠢ ᠦᠵᠡ ! 》 ᠬᠡᠮᠡᠭᠡᠳ ᠵᠢᠳᠠᠯᠠᠨ ᠣᠷᠣᠵᠤ ᠢᠷᠡᠭᠡᠳ ᠠᠷᠪᠠᠨ ᠤᠳᠠᠭ᠎ᠠ ᠢᠯᠡᠭᠦᠦ ᠪᠣᠯᠵᠤ᠂ ᠵᠠᠮᠤᠬ᠎ᠠ ᠲᠤᠯᠤᠨ ᠬᠦᠴᠦᠷᠡᠬᠦ ᠦᠭᠡᠢ ᠪᠥᠬᠥᠶ᠎ᠡ᠂ ᠲᠠᠢᠽᠦ ᠵᠠᠮᠤᠬ᠎ᠠ ᠶ᠋ᠢ ᠦᠵᠡᠮᠡᠭᠴᠡ ᠭᠠᠯ ᠮᠡᠲᠦ ᠬᠢᠯᠢᠩᠯᠡᠵᠦ᠂ ᠭᠠᠩ ᠵᠢᠳᠠ ᠪᠠᠨ ᠮᠤᠰᠬᠢᠵᠦ ᠭᠠᠷᠰᠤᠭᠠᠢ ᠭᠡᠮᠡᠨ ᠦᠵᠡᠬᠦᠯ᠎ᠡ ᠰᠢᠳᠠᠷ ᠲᠦᠰᠢᠮᠡᠳ ᠬᠡᠳᠦᠢᠨᠡᠢ ᠲᠠᠢᠽᠦ ᠶ᠋ᠢᠨ ᠤᠨᠤᠬᠤ ᠰᠠᠯᠬᠢᠨ ᠴᠠᠪ ᠬᠡᠮᠡᠬᠦ ᠮᠣᠷᠢᠨ ᠤ᠋ ᠬᠠᠵᠠᠭᠠᠷ ᠤ᠋ᠨ ᠬᠣᠶᠠᠷ ᠠᠮᠠᠭ᠎ᠠ ᠠ᠋ᠴᠠ ᠰᠢᠷᠭᠢᠲᠡᠯ᠎ᠡ ᠠᠳᠬᠤᠵᠤ᠂ ᠰᠢᠷᠢᠯᠳᠦᠨ ᠰᠥᠭᠦᠳᠦᠯᠴᠡᠨ ᠦᠬᠦᠪᠡᠴᠦ ᠲᠠᠯᠪᠢᠬᠤ ᠦᠭᠡᠢ : 《ᠡᠵᠡᠨ ᠤᠭ ᠠᠷᠭ᠎ᠠ ᠪᠠᠷ ᠢ᠋ᠶ᠋ᠠᠨ ᠶᠠᠪᠤᠮᠤ !》ᠬᠡᠮᠡᠬᠦᠢ ᠳ᠋ᠦ᠍ᠷ ᠲᠠᠢᠽᠦ ᠬᠢᠯᠢᠩ ᠢ᠋ᠶ᠋ᠡᠨ ᠬᠣᠪ ᠲᠡᠳᠡᠨ ᠡᠭᠡᠭᠦᠯᠵᠦ ᠪᠡᠶᠡᠰᠴᠦ ᠵᠠᠬᠢᠷᠤᠨ : 《ᠵᠠᠶᠠᠭᠠᠲᠤ ᠵᠢᠨᠦᠩ ᠦ᠋ᠨ ᠮᠢᠨᠦ ᠵᠢᠪᠬᠤᠯᠠᠩᠲᠤ ᠴᠠᠭᠠᠵᠠ᠂ ᠵᠢᠭᠠᠭᠰᠠᠨ ᠭᠠᠵᠠᠷ᠎ᠠ ᠰᠤᠮᠤ ᠮᠡᠲᠦ ᠬᠤᠷᠴᠠ ! 》 ᠬᠡᠮᠡᠭᠡᠳ ᠳᠠᠷᠤᠢ ᠬᠠᠷᠠᠩᠭ᠎ᠠ ᠴᠣᠬᠢᠭᠤᠯᠵᠤ ᠴᠡᠷᠢᠭ ᠢ᠋ᠶ᠋ᠡᠨ ᠬᠤᠷᠢᠶᠠᠬᠤᠶ᠎ᠠ᠂ ᠵᠠᠯᠮ᠎ᠠ ᠵᠠᠮᠤᠬ᠎ᠠ ᠶ᠋ᠢᠨ ᠳᠤᠭᠤᠯᠠᠭ᠎ᠠ ᠶ᠋ᠢᠨ ᠮᠠᠩᠨᠠᠢᠪᠴᠢ ᠶ᠋ᠢ ᠰᠡᠳᠡ ᠵᠢᠳᠠᠯᠠᠵᠤ᠂ ᠵᠠᠮᠤᠬ᠎ᠠ ᠶᠡᠬᠡᠯ᠎ᠡ ᠠᠶᠤᠵᠤ ᠶᠠᠭᠠᠷᠠᠨ ᠵᠠᠢ ᠡᠷᠢᠵᠦ ᠪᠤᠷᠤᠭᠤᠯᠠᠶ᠎ᠠ ᠬᠡᠮᠡᠲᠡᠯ᠎ᠡ ᠪᠸᠲ᠋ᠠ᠋ ᠤᠯᠤᠰ ᠴᠡᠷᠢᠭ ᠢ᠋ᠶ᠋ᠡᠨ ᠬᠤᠷᠢᠶᠠᠭᠰᠠᠨ ᠳ᠋ᠤᠷ ᠶᠡᠬᠡᠯ᠎ᠡ ᠪᠠᠶᠠᠷᠯᠠᠨ ᠵᠢᠭᠰᠠᠭᠠᠯ ᠳ᠋ᠠᠭᠠᠨ ᠡᠭᠡᠪᠡ᠃ ᠵᠡᠯᠮ᠎ᠡ ᠮᠥᠨ ᠴᠠᠭᠠᠵᠠ ᠠ᠋ᠴᠠ ᠵᠥᠷᠢᠴᠡᠵᠦ ᠨᠡᠬᠡᠭᠰᠡᠨ ᠦᠭᠡᠢ᠃ ᠬᠣᠶᠠᠷ ᠴᠡᠷᠢᠭ ᠴᠥᠮ ᠬᠦᠷᠢᠶ᠎ᠡ ᠳ᠋ᠦ᠍ᠷ ᠢ᠋ᠶ᠋ᠡᠨ ᠣᠷᠣᠪᠠ᠂ ᠡᠭᠦᠨ ᠳ᠋ᠦ᠍ᠷ ᠢᠯᠠᠭᠤ ᠥᠪᠡᠷ ᠦ᠋ᠨ ᠪᠡᠶ᠎ᠡ ᠪᠡᠷ ᠵᠠᠮᠤᠬ᠎ᠠ ᠳ᠋ᠤᠷ ᠠᠷᠢᠬᠢ ᠪᠠᠷᠢᠵᠤ᠂ ᠮᠠᠭᠲᠠᠨ ᠥᠭᠦᠯᠡᠷᠦᠨ : 《ᠮᠠᠨ ᠤ᠋ ᠬᠡᠷᠡᠢᠳ ᠤᠯᠤᠰ ᠪᠸᠲ᠋ᠠ᠋ ᠤᠯᠤᠰ ᠢ᠋ ᠳᠠᠷᠤᠪᠠ ᠬᠡᠮᠡᠭᠴᠢ ᠰᠠᠶᠢ ᠭᠠᠷᠪᠠ᠂ ᠪᠠᠭᠠᠲᠤᠷ ᠪᠣᠳᠣᠯᠭ᠎ᠠ ᠬᠣᠣᠰ ᠪᠦᠷᠢᠳᠦᠭᠰᠡᠨ ᠮᠠᠨ ᠤ᠋ ᠶᠤᠸᠠᠨᠱᠤᠸᠠᠢ ᠠᠬ᠎ᠠ ᠶ᠋ᠢᠨ ᠰᠠᠢᠨ ᠪᠣᠯᠠᠢ ! 》 ᠭᠡᠮᠡᠨ ᠮᠠᠭᠲᠠᠨ ᠰᠠᠢᠰᠢᠶᠠᠬᠤᠶ᠎ᠠ᠂ ᠵᠠᠮᠤᠬ᠎ᠠ ᠣᠮᠣᠷᠬᠠᠨ ᠥᠭᠦᠯᠡᠷᠦᠨ : 《 ᠣᠳᠣ ᠪᠠᠬᠠᠨ ᠤᠳᠠᠭᠰᠠᠨ ᠪᠥᠭᠡᠰᠦ ᠵᠡᠯᠮ᠎ᠡ ᠶ᠋ᠢᠨ ᠵᠠᠶᠠᠭᠠᠨ ᠢ᠋ ᠲᠡᠭᠦᠰᠬᠡᠵᠦ᠂ ᠲᠡᠮᠦᠵᠢᠨ ᠢ᠋ ᠲᠦᠮᠡᠨ ᠵᠡᠪᠡ ᠶ᠋ᠢᠨ ᠳᠣᠣᠷ᠎ᠠ ᠦᠬᠦᠭᠦᠯᠬᠦ ᠪᠥᠯᠥᠭᠡ ! 》ᠭᠡᠮᠡᠨ ᠭᠤᠷᠪᠠᠨ ᠪᠠᠭ ᠤ᠋ᠨ ᠴᠡᠷᠢᠭ ᠢ᠋ᠶ᠋ᠡᠨ ᠱᠠᠩᠨᠠᠵᠤ᠂ ᠦᠬᠦᠨ ᠵᠢᠳᠬᠦᠭᠲᠦᠨ ᠭᠡᠮᠡᠨ ᠵᠠᠷᠯᠠᠪᠠ ᠃ 
       ᠵᠢᠴᠢ ᠥᠷᠯᠥᠭᠡ ᠭᠡᠭᠡᠷᠡᠮᠡᠭᠴᠡ ᠪᠸᠲ᠋ᠠ᠋ ᠤᠯᠤᠰ ᠬᠦᠷᠢᠶ᠎ᠡ ᠪᠡᠨ ᠡᠪᠳᠡᠵᠦ ᠪᠤᠷᠤᠭᠤᠯᠠᠭᠰᠠᠨ ᠳ᠋ᠤᠷ ᠵᠠᠮᠤᠬ᠎ᠠ ᠨᠡᠩ ᠶᠡᠬᠡ ᠨᠢᠭᠤᠷ ᠣᠯᠵᠤ᠂ ᠬᠤᠷᠳᠤᠨ ᠶᠡᠬᠡ ᠬᠡᠩᠭᠡᠷᠭᠡ ᠴᠣᠬᠢᠵᠤ : 《ᠦᠨᠡᠨ ᠪᠠᠢᠳᠠᠯ ᠠᠨᠤ ᠢᠯᠡᠷᠡᠪᠡ᠂ ᠪᠸᠲ᠋ᠠ᠋ ᠤᠯᠤᠰ ᠢ᠋ ᠪᠠᠷᠠᠭᠳᠠᠭᠤᠯᠬᠤ ᠠᠨᠤ ᠡᠨᠡ ᠤᠳᠠᠬ᠎ᠠ ᠳ᠋ᠤᠷ ᠪᠣᠯᠠᠢ ! 》 ᠭᠡᠮᠡᠨ ᠶᠡᠬᠡ ᠫᠤᠤ ᠲᠠᠯᠪᠢᠭᠤᠯᠵᠤ᠂ ᠥᠪᠡᠷ ᠢ᠋ᠶ᠋ᠡᠨ ᠲᠡᠷᠢᠭᠦᠯᠡᠨ ᠨᠡᠬᠡᠵᠦ ᠡᠴᠢᠬᠦᠶ᠎ᠡ᠂ ᠪᠸᠲ᠋ᠠ᠋ ᠤᠯᠤᠰ ᠤ᠋ᠨ ᠴᠡᠷᠢᠭ ᠦ᠋ᠨ ᠪᠠᠭᠤᠳᠠᠯ ᠢ᠋ᠶ᠋ᠠᠷ ᠲᠠᠭᠠᠷᠢᠬᠤᠶ᠎ᠠ᠂ ᠲᠤᠯᠭ᠎ᠠ ᠶ᠋ᠢᠨ ᠣᠷᠣ ᠶ᠋ᠢ ᠪᠠᠢᠴᠠᠭᠠᠪᠠᠰᠤ᠂ ᠴᠡᠷᠢᠭ ᠬᠣᠶᠠᠷ ᠲᠦᠮᠡᠨ ᠲᠠᠪᠤᠨ ᠮᠢᠩᠭᠠᠨ ᠠ᠋ᠴᠠ ᠬᠡᠲᠦᠷᠡᠬᠦ ᠦᠭᠡᠢ᠂ ᠵᠠᠷᠢᠮ ᠵᠣᠭᠣᠷᠢ ᠳ᠋ᠤᠷ ᠦᠨᠡᠰᠦ ᠮᠥᠨ ᠦᠭᠡᠢ ᠳ᠋ᠦ᠍ᠷ ᠵᠠᠮᠤᠬ᠎ᠠ ᠲᠡᠭᠷᠢ ᠶ᠋ᠢᠨ ᠵᠦᠭ ᠬᠠᠨᠳᠤᠵᠤ ᠬᠠᠳᠠᠭᠠᠨᠠᠨ ᠢᠨᠢᠶᠡᠭᠰᠡᠭᠡᠷ ᠮᠣᠷᠢ ᠠ᠋ᠴᠠ ᠪᠠᠨ ᠬᠠᠨᠳᠠᠷᠤᠨ ᠤᠨᠠᠬᠤ ᠰᠢᠬᠠᠭᠰᠠᠨ ᠳ᠋ᠤᠷ ᠢᠯᠠᠭᠤ ᠤᠴᠢᠷ ᠢ᠋ ᠠᠰᠠᠭᠤᠭᠰᠠᠨ᠎ᠠ᠂ ᠵᠠᠮᠤᠬ᠎ᠠ ᠶᠠᠭᠰᠢᠨ ᠢᠨᠢᠶᠡᠵᠦ ᠥᠭᠦᠯᠡᠷᠦᠨ : 《ᠪᠢ ᠲᠡᠮᠦᠵᠢᠨ ᠬᠥᠪᠡᠭᠦᠨ ᠦ᠌ ᠬᠥᠮᠦᠨ ᠪᠦᠬᠦᠨ ᠢ᠋ ᠬᠡᠦᠬᠡᠳ ᠮᠡᠲᠦ ᠦᠵᠡᠬᠦᠢ ᠳ᠋ᠦ᠍ᠷ ᠢᠨᠢᠶᠡᠮᠦᠢ᠃ ᠲᠡᠷᠡ ᠡᠳᠦᠷ ᠲᠡᠳᠡᠨ ᠦ᠌ ᠴᠡᠷᠢᠭ ᠢ᠋ ᠦᠵᠡᠪᠡᠰᠦ ᠲᠦᠮᠡᠨ ᠴᠡᠷᠢᠭ ᠮᠥᠨ ᠬᠦᠷᠬᠦ ᠦᠭᠡᠢ ᠪᠥᠭᠡᠲᠡᠯ᠎ᠡ ᠡᠨᠡ ᠡᠳᠦᠷ ᠬᠣᠶᠠᠷ ᠲᠦᠮᠡᠨ ᠲᠠᠪᠤᠨ ᠮᠢᠩᠭᠠᠨ ᠴᠡᠷᠢᠭ ᠦ᠋ᠨ ᠲᠤᠯᠭ᠎ᠠ ᠲᠤᠯᠭᠠᠭᠤᠯᠤᠭᠰᠠᠨ ᠠᠨᠤ ᠬᠠᠭᠤᠷᠮᠠᠭ ᠢ᠋ᠶ᠋ᠠᠷ ᠰᠦᠷ ᠲᠠᠯᠪᠢᠬᠤ ᠠᠨᠤ ᠨᠢᠭᠡᠨᠲᠡ ᠢᠯᠡᠷᠡᠪᠡ᠃ ᠬᠡᠳᠦᠢ ᠭᠤᠷᠪᠠᠨ ᠲᠦᠮᠡᠨ ᠴᠡᠷᠢᠭ ᠪᠠᠢᠪᠠᠴᠤ ᠮᠥᠨ ᠮᠠᠨ ᠤ᠋ ᠢᠳᠡᠬᠦᠢ ᠳ᠋ᠦ᠍ᠷ ᠴᠦ᠍ ᠭᠦᠢᠴᠡᠬᠦ ᠦᠭᠡᠢ ᠪᠣᠯᠠᠢ᠂ ᠡᠨᠡ ᠤᠳᠠᠭ᠎ᠠ ᠣᠳᠣᠬᠠᠨ ᠴᠤ᠌ ᠰᠡᠷᠡᠭᠳᠡᠪᠡ ! ᠲᠦᠷᠭᠡᠨ ᠨᠡᠬᠡ᠃ 》ᠬᠡᠮᠡᠵᠦ ᠰᠠᠶᠢ ᠭᠤᠴᠢᠨ ᠭᠠᠵᠠᠷ ᠶᠠᠪᠤᠲᠠᠯ᠎ᠠ ᠪᠦᠬᠦ ᠪᠡᠯᠭᠦᠳᠡᠢ ᠶ᠋ᠢᠨ ᠴᠡᠷᠢᠭ ᠤᠭᠲᠤᠵᠤ ᠭᠠᠷᠪᠠ᠃ ᠲᠡᠳᠡᠨ ᠦ᠌ ᠳᠣᠲᠣᠷ᠎ᠠ ᠪᠠᠰᠠ ᠲᠠᠢᠽᠦ ᠶ᠋ᠢᠨ ᠲᠡᠮᠳᠡᠭᠲᠦ ᠤᠯᠠᠭᠠᠨ ᠠᠷᠰᠯᠠᠨᠲᠤ ᠰᠢᠬᠦᠷ ᠳᠠᠯᠪᠠᠭ᠎ᠠ ᠪᠣᠢ ᠢᠨᠣ ᠦᠵᠡᠰᠡ ᠳᠠᠢᠰᠤᠨ ᠢ᠋ ᠥᠳᠥᠭᠡᠬᠦ  ᠠᠷᠭ᠎ᠠ ᠠᠵᠤᠭᠤ ! ᠲᠠᠢᠽᠦ ᠶ᠋ᠢᠨ ᠴᠡᠷᠢᠭ ᠬᠡᠳᠦᠢᠨᠡᠢ ᠭᠠᠯᠵᠠᠭᠤ ᠮᠥᠷᠡᠨ ᠢ᠋ ᠭᠡᠲᠦᠯᠵᠦ᠂ ᠬᠠᠯᠵᠢᠨ᠎ᠠ ᠶ᠋ᠢᠨ ᠳᠠᠪᠠᠭᠠᠨ᠎ᠠ ᠡᠴᠢᠭᠰᠡᠨ ᠪᠣᠯᠠᠢ᠃ ᠲᠡᠭᠦᠨᠴᠡ ᠵᠠᠮᠤᠬ᠎ᠠ ᠰᠡᠵᠢᠭᠯᠡᠭᠰᠡᠨ ᠪᠣᠯᠪᠠᠴᠤ ᠠᠷᠭ᠎ᠠ ᠦᠭᠡᠢ ᠭᠠᠷᠴᠤ ᠲᠠᠢᠰᠢ ᠭᠣᠯᠢᠨᠳᠠᠢ ᠶ᠋ᠢ ᠭᠠᠷᠭᠠᠵᠤ ᠢᠯᠡᠭᠡᠲᠡᠯ᠎ᠡ ᠪᠸᠲ᠋ᠠ᠋ ᠤᠯᠤᠰ ᠤ᠋ᠨ ᠵᠢᠭᠰᠠᠭᠠᠯ ᠠ᠋ᠴᠠ ᠪᠡᠯᠭᠦᠳᠡᠢ ᠭᠡᠨᠡᠳᠲᠡ ᠮᠣᠷᠢᠨ ᠢ᠋ᠶ᠋ᠠᠨ ᠬᠠᠪᠢᠷᠭ᠎ᠠ ᠳ᠋ᠤᠷ ᠶᠠᠭ ᠨᠠᠭᠠᠯᠳᠤᠵᠤ ᠳᠣᠪᠲᠣᠯᠤᠨ ᠭᠠᠷᠴᠤ ᠰᠤᠮᠤ ᠬᠠᠷᠪᠤᠬᠤ ᠮᠡᠲᠦ ᠬᠦᠷᠴᠦ ᠢᠷᠡᠭᠡᠳ ᠭᠣᠯᠢᠨᠲᠠᠢ ᠶ᠋ᠢᠨ ᠵᠡᠭᠦᠨ ᠬᠥᠯ ᠡᠴᠡ ᠰᠢᠭᠦᠷᠡᠨ ᠠᠪᠴᠤ ᠨᠢᠭᠡᠨᠲᠡ ᠳᠤᠭᠲᠤᠷᠤᠨ ᠡᠷᠭᠦᠵᠦ᠂ ᠲᠡᠷᠢᠭᠦᠨ ᠦ᠌ ᠳᠡᠭᠡᠷ᠎ᠡ ᠬᠡᠳᠦᠨᠲᠡ ᠰᠣᠢᠯᠠᠨ ᠡᠷᠭᠢᠭᠦᠯᠵᠦ᠂ ᠵᠠᠮᠤᠬ᠎ᠠ ᠶ᠋ᠢ ᠴᠣᠬᠢᠨ ᠢᠯᠡᠭᠡᠵᠦ᠂ ᠳᠠᠷᠤᠢ ᠴᠡᠷᠢᠭ ᠢ᠋ᠶ᠋ᠡᠨ ᠠᠪᠴᠤ ᠪᠤᠷᠤᠭᠤᠯᠠᠪᠠ᠃ ᠭᠣᠯᠢᠨᠳᠠᠢ ᠬᠣᠭᠣᠰᠣᠨ ᠭᠠᠵᠠᠷ ᠬᠥᠨᠳᠡᠯᠡᠨ ᠢ᠋ᠶ᠋ᠡᠷ ᠡᠷᠭᠢᠭᠰᠡᠭᠡᠷ ᠡᠴᠢᠵᠦ ᠵᠠᠮᠤᠬ᠎ᠠ ᠶ᠋ᠢᠨ ᠬᠡᠬᠦᠳᠡᠭ ᠴᠡᠭᠡᠵᠢ ᠳ᠋ᠦ᠍ᠷ ᠬᠥᠨᠳᠡᠯᠡᠨ ᠢ᠋ᠶ᠋ᠡᠷ ᠲᠣᠰᠴᠤ ᠬᠣᠶᠠᠭᠤᠯᠠ ᠬᠠᠮᠲᠤ ᠥᠩᠬᠥᠷᠢᠳᠦᠨ ᠪᠥᠮᠪᠥᠷᠢᠳᠡᠵᠦ᠂ ᠮᠣᠷᠢᠨ ᠯᠤᠭ᠎ᠠ ᠭᠤᠷᠪᠠᠭᠤᠯᠠ ᠵᠢᠭᠤᠷᠠᠯᠳᠤᠨ ᠤᠨᠠᠭᠰᠠᠨ ᠳ᠋ᠤᠷ ᠬᠣᠶᠠᠷ ᠡᠲᠡᠭᠡᠳ ᠦ᠋ᠨ ᠴᠡᠷᠢᠭ ᠳᠠᠭᠤᠨ ᠠᠯᠳᠠᠯᠴᠠᠨ ᠢᠨᠢᠶᠡᠯᠴᠡᠵᠦ᠂ ᠬᠡᠷᠡᠢᠳ ᠦ᠋ᠨ ᠴᠡᠷᠢᠭ ᠠᠮᠠ ᠪᠠᠨ ᠪᠠᠷᠢᠵᠤ ᠶᠠᠭᠠᠷᠠᠯᠴᠠᠨ ᠲᠡᠳᠬᠦᠨ ᠪᠣᠰᠬᠠᠪᠠ᠃ ᠵᠠᠮᠤᠬ᠎ᠠ ᠶᠡᠬᠡᠯ᠎ᠡ ᠢᠴᠢᠩᠭᠦᠷᠡᠨ ᠬᠣᠷᠣᠰᠴᠤ ᠦᠬᠦᠨ ᠨᠡᠬᠡᠵᠦ ᠣᠷᠣᠪᠠ᠃ ᠳᠡᠮᠡᠢ ᠭᠤᠴᠢᠨ ᠭᠠᠵᠠᠷ ᠶᠠᠪᠤᠭᠰᠠᠨ ᠦᠭᠡᠢ ᠬᠠᠰᠠᠷ ᠤ᠋ᠨ ᠴᠡᠷᠢᠭ ᠭᠠᠷᠴᠤ ᠲᠤᠰᠤᠭᠰᠠᠨ ᠳ᠋ᠤᠷ ᠵᠠᠮᠤᠬ᠎ᠠ ᠦᠨᠡᠬᠡᠷ ᠪᠠᠬᠠᠨ ᠰᠡᠵᠢᠭᠯᠡᠵᠦ᠂ ᠥᠨᠳᠥᠷ ᠭᠠᠵᠠᠷ ᠲᠤᠷ ᠭᠠᠷᠴᠤ ᠦᠵᠡᠪᠡᠰᠦ ᠲᠡᠷᠢᠭᠦᠯᠡᠭᠰᠡᠨ ᠵᠠᠩᠵᠤᠨ ᠠᠨᠤ ᠬᠠᠯᠠᠭᠰᠠᠨ ᠪᠣᠯᠪᠠᠴᠤ ᠴᠡᠷᠢᠭ ᠢᠨᠣ ᠮᠥᠨ ᠬᠦ᠌ ᠲᠡᠷᠡ ᠴᠡᠷᠢᠭ᠂ ᠲᠠᠢᠽᠦ ᠶ᠋ᠢᠨ ᠰᠢᠭᠦᠷ ᠳᠠᠯᠪᠠᠭ᠎ᠠ ᠤᠭ ᠬᠡᠪ ᠢ᠋ᠶ᠋ᠡᠷ ᠪᠣᠢ ᠲᠤᠯᠠ ᠡᠨᠡ ᠯᠠᠪ ᠲᠡᠷᠡ ᠬᠡᠳᠦᠨ ᠴᠡᠷᠢᠭ ᠢ᠋ᠶ᠋ᠡᠨ ᠲᠡᠷᠢᠭᠦᠯᠡᠭᠰᠡᠨ ᠴᠡᠷᠢᠭ ᠪᠠ ᠵᠠᠩᠵᠤᠨ ᠢ᠋ᠶ᠋ᠠᠨ ᠬᠠᠯᠠᠨ᠂ ᠮᠡᠳᠡᠷᠭᠦᠦ ᠴᠡᠷᠢᠭ ᠢ᠋ᠶ᠋ᠡᠨ ᠡᠭᠡᠭᠦᠯᠦᠨ ᠲᠤᠯᠵᠤ᠂ ᠪᠦᠭᠭᠦᠭᠰᠡᠨ ᠴᠡᠷᠢᠭ ᠪᠣᠢ ᠭᠡᠮᠡᠨ ᠮᠠᠨ ᠢ᠋ ᠠᠶᠤᠯᠭᠠᠨ ᠰᠡᠵᠢᠭᠯᠡᠭᠦᠯᠵᠦ ᠡᠭᠡᠭᠦᠯᠰᠦᠭᠡᠢ ᠬᠡᠮᠡᠬᠦ ᠥᠴᠦᠬᠡᠨ ᠠᠷᠭ᠎ᠠ ᠪᠣᠯᠠᠢ ! ᠭᠡᠮᠡᠨ ᠲᠠᠢᠰᠢ ᠣᠯᠢᠨᠲᠠᠢ ᠶ᠋ᠢ ᠭᠠᠷᠭᠠᠭᠰᠠᠨ᠎ᠠ ᠬᠠᠰᠠᠷ ᠬᠠᠴᠢᠷ ᠥᠳᠥᠲᠦ ᠰᠤᠮᠤ ᠪᠠᠷ ᠢ᠋ᠶ᠋ᠠᠨ ᠨᠢᠭᠡᠨᠲᠡ ᠬᠠᠷᠪᠤᠵᠤ ᠣᠯᠢᠨᠲᠠᠢ ᠶ᠋ᠢᠨ ᠤᠷᠤᠭᠤᠯ ᠢ᠋ ᠰᠡᠳᠡ᠂ ᠡᠭᠦᠳᠡ ᠶ᠋ᠢᠨ ᠰᠢᠲᠦᠨ ᠢ᠋ ᠪᠣᠯᠭᠣ ᠬᠠᠷᠪᠤᠵᠤ ᠤᠨᠠᠭᠠᠭᠠᠳ ᠴᠡᠷᠢᠭ ᠢ᠋ᠶ᠋ᠡᠨ ᠠᠪᠴᠤ ᠪᠤᠷᠤᠭᠤᠯᠠᠪᠠ᠃ ᠵᠠᠮᠤᠬ᠎ᠠ ᠶᠠᠰᠤᠨ ᠰᠢᠲᠦ ᠪᠡᠨ ᠬᠠᠭ᠎ᠠ ᠵᠠᠭᠤᠵᠤ ᠨᠡᠬᠡᠨ ᠢᠷᠡᠬᠦᠶ᠎ᠡ᠂ ᠨᠡᠭᠦᠳᠡᠯ ᠪᠠᠢᠴᠠᠭᠠᠬᠤ ᠴᠡᠷᠢᠭ ᠦ᠋ᠨ ᠠᠷᠠᠳ ᠢᠷᠡᠵᠦ ᠮᠡᠳᠡᠭᠦᠯᠦᠷᠦᠨ : 《ᠴᠢᠨᠠᠳᠤᠰ ᠤ᠋ᠨ ᠣᠳᠤᠭᠰᠠᠨ ᠴᠡᠷᠢᠭ ᠦ᠋ᠨ ᠵᠣᠭᠣᠷᠢ᠂ ᠤᠷᠢᠳᠠ ᠶ᠋ᠢᠨ ᠡᠴᠡ ᠬᠣᠶᠠᠷ ᠬᠤᠪᠢ ᠳᠤᠲᠠᠭᠤ ᠪᠣᠯᠪᠠ ! 》 ᠬᠡᠮᠡᠭᠰᠡᠨ ᠳ᠋ᠦ᠍ᠷ ᠵᠠᠮᠤᠬ᠎ᠠ ᠡᠨᠡ ᠬᠠᠭᠤᠷᠮᠠᠭ ᠠᠨᠤ ᠯᠠᠪ ᠪᠣᠯᠪᠠ᠂ ᠰᠡᠵᠢᠭ ᠦᠭᠡᠢ ᠨᠡᠬᠡᠵᠦ ᠠᠯᠠ ᠭᠡᠮᠡᠨ ᠪᠠᠰᠠ ᠴᠡᠷᠢᠭ ᠢ᠋ᠶ᠋ᠡᠨ ᠬᠥᠳᠡᠯᠭᠡᠵᠦ ᠨᠡᠬᠡᠨ ᠡᠴᠢᠭᠡᠳ ᠪᠠᠰᠠ ᠭᠤᠴᠢᠨ ᠭᠠᠵᠠᠷ ᠤ᠋ᠨ ᠦᠵᠦᠭᠦᠷ ᠬᠦᠷᠲᠡᠯ᠎ᠡ ᠪᠸᠲ᠋ᠠ᠋ ᠤᠯᠤᠰ ᠤ᠋ᠨ ᠳᠥᠷᠪᠡᠳᠦᠭᠡᠷ ᠪᠠᠭ ᠤ᠋ᠨ ᠪᠣᠲ᠋ᠣ ᠪᠤᠰᠦᠩ ᠬᠣᠶᠠᠭᠤᠯᠠ ᠶ᠋ᠢᠨ ᠴᠡᠷᠢᠭ ᠲᠦ᠍ᠷ ᠤᠴᠠᠷᠠᠭᠠᠳ ᠪᠣᠲ᠋ᠣ ᠤᠭᠲᠤᠨ ᠭᠠᠷᠴᠤ ᠪᠠᠢᠯᠳᠤᠮᠤᠢ᠃ ᠪᠤᠰᠤᠩ ᠶᠡᠬᠡ ᠴᠡᠷᠢᠭ ᠢ᠋ ᠠᠪᠴᠤ ᠲᠣᠯᠣᠭᠠᠢ ᠡᠷᠭᠢᠰᠢ ᠦᠭᠡᠢ ᠪᠤᠷᠤᠭᠤᠯᠠᠪᠠ᠃ ᠪᠣᠲ᠋ᠣ ᠨᠢᠭᠡᠬᠡᠨ ᠰᠤᠮᠤ ᠪᠠᠷ ᠭᠣᠯᠢᠨᠲᠠᠢ ᠶ᠋ᠢᠨ ᠪᠠᠷᠠᠭᠤᠨ ᠨᠢᠳᠦ ᠶ᠋ᠢ ᠪᠦᠯᠲᠡ ᠬᠠᠷᠪᠤᠵᠤ ᠤᠨᠠᠭᠠᠭᠠᠳ ᠮᠣᠷᠢ ᠪᠠᠨ ᠡᠷᠭᠢᠭᠦᠯᠦᠨ ᠨᠢᠰᠬᠦ ᠮᠡᠲᠦ ᠡᠭᠡᠵᠦ ᠳᠣᠪᠲᠣᠯᠪᠠ᠃ ᠡᠭᠦᠨ ᠳ᠋ᠦ᠍ᠷ ᠲᠠᠢᠽᠢ ᠢᠯᠠᠭᠤ 《 ᠪᠡᠯᠡᠭ ᠡᠰᠡ ᠵᠣᠬᠢᠪᠠ ! 》 ᠭᠡᠮᠡᠨ ᠰᠡᠵᠢᠭᠯᠡᠬᠦᠢ ᠳ᠋ᠦ᠍ᠷ ᠵᠠᠮᠤᠬ᠎ᠠ ᠶᠡᠷᠪᠡᠢᠵᠦ ᠥᠭᠦᠯᠡᠷᠦᠨ : 《ᠲᠠᠢᠽᠢ ᠸᠠᠩ ᠶᠠᠭᠤᠨ ᠳ᠋ᠤᠷ ᠬᠠᠷᠢᠨ ᠡᠮᠡᠭᠴᠢᠨ ᠪᠣᠯᠪᠠ ? ᠡᠨᠡ ᠬᠡᠪᠴᠢᠶᠡᠨ ᠢ᠋ ᠠᠯᠳᠠᠪᠠᠰᠤ ᠲᠦᠮᠡᠨ ᠳ᠋ᠦ᠍ᠷ ᠳᠠᠬᠢᠨ ᠨᠢᠭᠡᠨᠲᠡ ᠦᠯᠦ ᠲᠣᠬᠢᠶᠠᠯᠳᠤᠮᠤᠢ! 》 ᠬᠡᠮᠡᠵᠦ ᠪᠠᠰᠠ ᠨᠡᠬᠡᠵᠦ ᠢᠷᠡᠭᠡᠳ ᠬᠠᠷᠠᠩᠭᠤᠢ ᠪᠣᠯᠵᠤ ᠭᠤᠴᠢᠨ ᠭᠠᠵᠠᠷ ᠤ᠋ᠨ ᠦᠵᠦᠭᠦᠷ ᠬᠦᠷᠲᠡᠯ᠎ᠡ ᠪᠸᠲ᠋ᠠ᠋ ᠤᠯᠤᠰ ᠤ᠋ᠨ ᠲᠠᠪᠤᠳᠤᠭᠠᠷ ᠪᠠᠭ ᠤ᠋ᠨ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠶ᠋ᠢᠨ ᠴᠡᠷᠢᠭ ᠭᠠᠷᠴᠤ ᠲᠤᠰᠪᠠ᠃ ᠰᠥᠨᠢ ᠪᠣᠯᠪᠠ ᠭᠡᠮᠡᠨ ᠪᠠᠢᠯᠳᠤᠭᠰᠠᠨ ᠦᠭᠡᠢ᠂ ᠵᠢᠴᠢ ᠥᠷᠯᠥᠭᠡ ᠦᠵᠡᠪᠡᠰᠦ ᠲᠡᠳᠡ ᠬᠣᠶᠠᠭᠤᠯᠠ ᠶ᠋ᠢᠨ ᠴᠡᠷᠢᠭ ᠬᠡᠳᠦᠢᠨᠡᠢ ᠡᠭᠡᠵᠦᠬᠦᠢ᠃ ᠲᠤᠯᠭ᠎ᠠ ᠵᠣᠭᠣᠷᠢ ᠳᠥᠷᠪᠡᠨ ᠬᠤᠪᠢ ᠪᠠᠭᠤᠷᠠᠪᠠ ᠬᠡᠮᠡᠭᠰᠡᠨ ᠳ᠋ᠦ᠍ᠷ ᠵᠠᠮᠤᠬ᠎ᠠ: 《ᠶᠠᠮᠪᠠᠷ ᠪᠠᠢᠨ᠎ᠠ ᠂ ᠡᠭᠦᠨ ᠳ᠋ᠦ᠍ᠷ ᠣᠭᠲᠣ ᠰᠡᠵᠢᠭᠯᠡᠬᠦ ᠭᠠᠵᠠᠷ ᠦᠭᠡᠢ ᠪᠣᠯᠠᠢ ! 》ᠬᠡᠮᠡᠵᠦ᠂ ᠰᠡᠳᠬᠢᠯ ᠠᠮᠤᠷ ᠢ᠋ᠶ᠋ᠠᠷ ᠪᠠᠰᠠ ᠨᠡᠬᠡᠵᠦ ᠡᠴᠢᠭᠰᠡᠭᠡᠷ᠂ ᠨᠠᠷᠠᠨ ᠮᠠᠨᠳᠤᠬᠤ ᠦᠶ᠎ᠡ ᠳ᠋ᠦ᠍ᠷ ᠪᠸᠲ᠋ᠠ᠋ ᠤᠯᠤᠰ ᠤ᠋ᠨ ᠵᠢᠷᠭᠤᠳᠤᠭᠠᠷ ᠪᠠᠭ ᠤ᠋ᠨ ᠰᠢᠷᠢ ᠬᠤᠲᠤᠭ᠂ ᠬᠠᠷ᠎ᠠ ᠬᠢᠷᠤ ᠬᠣᠶᠠᠭᠤᠯᠠ ᠶ᠋ᠢᠨ ᠴᠡᠷᠢᠭ ᠲᠦ᠍ᠷ ᠤᠴᠠᠷᠠᠵᠤ᠂ ᠬᠠᠷ᠎ᠠ ᠬᠢᠷᠤ ᠴᠡᠷᠢᠭ ᠢ᠋ᠶ᠋ᠡᠨ ᠠᠪᠴᠤ ᠡᠴᠢᠭᠡᠳ ᠰᠢᠷᠢ ᠬᠤᠲᠤᠭ ᠮᠥᠨ ᠬᠡᠳᠦᠨᠲᠡ ᠪᠠᠢᠯᠳᠤᠮᠠᠭᠴᠠ ᠪᠠᠰᠠ ᠪᠤᠷᠤᠭᠤᠯᠠᠪᠠ᠃ ᠡᠭᠦᠨ ᠳ᠋ᠦ᠍ᠷ ᠬᠡᠷᠡᠢᠳ ᠦ᠋ᠨ ᠴᠡᠷᠢᠭ ᠦ᠋ᠨ ᠠᠷᠠᠳ ᠴᠤ᠌ ᠰᠡᠳᠬᠢᠯ ᠰᠤᠯᠠ ᠪᠣᠯᠵᠤ᠂ ᠳᠡᠮᠡᠢ ᠠᠵᠢᠭ ᠦᠭᠡᠢ ᠨᠡᠬᠡᠵᠦ ᠡᠴᠢᠬᠦᠢ ᠳ᠋ᠦ᠍ᠷ ᠪᠠᠭ᠎ᠠ ᠦᠳᠡ ᠥᠩᠭᠡᠷᠡᠮᠡᠭᠴᠡ ᠪᠠᠰᠠ ᠪᠸᠲ᠋ᠠ᠋ ᠤᠯᠤᠰ ᠤ᠋ᠨ ᠳᠣᠯᠣᠳᠤᠭᠠᠷ ᠪᠠᠭ ᠤ᠋ᠨ ᠰᠥᠪᠡᠭᠡᠲᠡᠢ᠂ ᠵᠦᠯᠭᠡᠲᠡᠢ ᠬᠣᠶᠠᠷ ᠪᠠᠭᠠᠲᠤᠷ ᠤ᠋ᠨ ᠴᠡᠷᠢᠭ ᠲᠦ᠍ᠷ ᠤᠴᠠᠷᠠᠭᠠᠳ ᠴᠡᠷᠢᠭ ᠢ᠋ᠶ᠋ᠡᠨ ᠬᠡᠳᠦᠢᠨᠡᠢ ᠡᠭᠡᠭᠦᠯᠦᠭᠡᠳ ᠰᠥᠪᠡᠭᠡᠲᠡᠢ ᠵᠦᠯᠭᠡᠲᠡᠢ ᠬᠣᠶᠠᠭᠤᠯᠠ ᠬᠣᠴᠣᠷᠴᠤ ᠬᠡᠷᠡᠢᠳ ᠦ᠋ᠨ ᠴᠡᠷᠢᠭ ᠲᠦ᠍ᠷ ᠮᠣᠷᠢᠨ ᠲᠣᠯᠣᠭᠠᠢ ᠨᠡᠢᠯᠡᠭᠦᠯᠦᠨ ᠳᠣᠪᠲᠣᠯᠤᠨ ᠣᠷᠣᠵᠤ᠂ ᠲᠡᠳᠡᠨ ᠦ᠌ ᠲᠠᠢᠰᠢ ᠣᠯᠢᠨᠲᠠᠢ ᠶ᠋ᠢ ᠠᠮᠢᠳᠤ ᠪᠠᠷᠢᠭᠠᠳ ᠰᠥᠪᠡᠭᠡᠲᠡᠢ ᠰᠦᠢᠷᠡᠵᠦ ᠵᠦᠯᠭᠡᠲᠡᠢ ᠬᠠᠮᠠᠭᠠᠯᠠᠨ ᠳᠣᠪᠲᠣᠯᠵᠤ ᠡᠭᠡᠨ ᠴᠡᠷᠢᠭ ᠢ᠋ᠶ᠋ᠡᠨ ᠭᠦᠢᠴᠡᠵᠦ ᠢᠷᠡᠲᠡᠯ᠎ᠡ ᠣᠯᠢᠨᠲᠠᠢ ᠲᠠᠢᠰᠢ ᠠᠨᠤ ᠦᠬᠦᠳᠬᠢᠵᠦᠬᠦᠢ᠃ ᠰᠥᠪᠡᠭᠡᠲᠡᠢ ᠰᠡᠭᠦᠷᠡᠰᠦ ᠠᠯᠳᠠᠵᠤ ᠥᠭᠦᠯᠡᠷᠦᠨ : 《ᠡᠨᠡ ᠵᠡᠷᠭᠡ ᠶ᠋ᠢᠨ ᠬᠥᠮᠦᠨ ᠢ᠋ ᠬᠡᠳᠦᠨ ᠭᠠᠵᠠᠷ ᠬᠠᠪᠴᠢᠭᠰᠠᠨ ᠠᠨᠤ ᠬᠠᠢᠷᠠᠬᠠᠨ ᠬᠦᠴᠦᠨ ᠬᠡᠮᠡᠭᠡᠳ ᠲᠠᠯ᠎ᠠ ᠳ᠋ᠤᠷ ᠲᠠᠶᠠᠭᠳᠠᠨ ᠭᠡᠭᠡᠵᠦ ᠡᠴᠢᠪᠡ᠃ ᠡᠭᠦᠨ ᠳ᠋ᠦ᠍ᠷ ᠡᠨᠡ ᠣᠯᠢᠨᠲᠠᠢ ᠦᠵᠡᠰᠡ ᠦᠬᠦᠭᠰᠡᠨ ᠢ᠋ᠶ᠋ᠡᠷ ᠠᠷᠭᠠᠯᠠᠨ ᠬᠡᠯᠡᠨ ᠢ᠋ᠶ᠋ᠡᠨ ᠬᠠᠵᠠᠵᠤ᠂ ᠴᠢᠰᠤ ᠭᠠᠷᠭᠠᠨ ᠠᠮᠠᠨ ᠬᠠᠪᠠᠷ ᠠ᠋ᠴᠠ ᠴᠢᠰᠤ ᠭᠠᠷᠲᠠᠯ᠎ᠠ ᠬᠠᠪᠴᠢᠭᠳᠠᠨ ᠦᠬᠦᠭᠰᠡᠨ ᠪᠠᠢᠳᠠᠯ ᠢ᠋ ᠭᠠᠷᠭᠠᠭᠰᠠᠨ ᠠᠵᠤᠭᠤ᠃ ᠲᠡᠳᠦᠢ ᠡᠪᠡᠰᠦᠨ ᠳ᠋ᠦ᠍ᠷ ᠰᠠᠭᠤᠵᠤ ᠰᠥᠪᠡᠭᠡᠲᠡᠢ ᠶ᠋ᠢ ᠦᠵᠡᠭᠳᠡᠬᠦ ᠦᠭᠡᠢ ᠪᠣᠯᠤᠭᠰᠠᠨ ᠬᠣᠢᠨ᠎ᠠ᠂ ᠪᠣᠰᠴᠤ ᠰᠠᠭᠤᠭᠠᠳ ᠰᠡᠷᠪᠡᠯᠵᠡᠨ ᠪᠥᠬᠥᠶ᠎ᠡ ᠬᠡᠷᠡᠢᠳ ᠦ᠋ᠨ ᠴᠡᠷᠢᠭ ᠢᠨᠣ ᠨᠢᠰᠬᠦ ᠮᠡᠲᠦ ᠨᠡᠬᠡᠵᠦ ᠢᠷᠡᠭᠰᠡᠨ᠎ᠡ᠂ ᠣᠯᠢᠨᠲᠠᠢ ᠣᠷᠪᠣᠢᠵᠤ ᠥᠭᠦᠯᠡᠷᠦᠨ : 《ᠪᠢ ᠲᠡᠳᠡ ᠬᠣᠶᠠᠭᠤᠯᠠ ᠶ᠋ᠢ ᠪᠠᠢᠯᠳᠤᠵᠤ ᠳᠠᠷᠤᠭᠠᠳ  ᠳᠤᠲᠠᠭᠠᠯᠭᠠᠪᠠ ! 》 ᠭᠡᠮᠡᠨ ᠮᠣᠷᠢ ᠤᠨᠤᠵᠤ ᠨᠡᠬᠡᠨ ᠡᠴᠢᠭᠰᠡᠭᠡᠷ ᠭᠤᠴᠢᠨ ᠭᠠᠵᠠᠷ ᠭᠠᠷᠴᠤ ᠪᠸᠲ᠋ᠠ᠋ ᠤᠯᠤᠰ ᠤ᠋ᠨ ᠨᠠᠢ᠍ᠮᠠᠳᠤᠭᠠᠷ ᠪᠠᠭ ᠤ᠋ᠨ ᠤᠷᠲᠤ ᠪᠣᠳᠣᠯᠭᠠᠲᠤ ᠤᠬᠠᠭᠠᠨᠲᠤ ᠷᠢᠨᠴᠢᠨ ᠬᠣᠶᠠᠭᠤᠯᠠ ᠶ᠋ᠢᠨ ᠴᠡᠷᠢᠭ ᠲᠦ᠍ᠷ ᠤᠴᠠᠷᠠᠭᠠᠳ ᠵᠠᠮᠤᠬ᠎ᠠ ᠬᠠᠰᠬᠢᠷᠴᠤ ᠥᠭᠦᠯᠡᠷᠦᠨ : 《ᠡᠨᠡ ᠪᠸᠲ᠋ᠠ᠋ ᠤᠯᠤᠰ ᠤ᠋ᠨ ᠡᠨᠡ ᠬᠡᠳᠦᠨ ᠵᠢᠯ ᠦ᠋ᠨ ᠬᠣᠭᠣᠷᠣᠨᠳᠣ ᠬᠠᠮᠢᠭ᠎ᠠ ᠠ᠋ᠴᠠ ᠡᠳᠦᠢᠴᠢᠨᠡᠭᠡᠨ ᠪᠣᠭᠲᠣ ᠰᠢᠭᠢᠷ᠎ᠡ ᠶ᠋ᠢ ᠴᠢᠭᠤᠯᠤᠭᠤᠯᠵᠤ᠂ ᠡᠨᠡ ᠮᠡᠲᠦ ᠭᠤᠴᠢᠨ ᠭᠠᠵᠠᠷ ᠲᠤᠷ ᠬᠣᠶᠠᠷ ᠢ᠋ ᠭᠠᠷᠭᠠᠵᠤ ᠭᠠᠢᠬᠠᠭᠤᠯᠤᠮᠤᠢ ? 》 ᠬᠡᠮᠡᠵᠦ ᠴᠡᠷᠢᠭ ᠢ᠋ᠶ᠋ᠡᠷ ᠳᠠᠷᠤᠨ ᠣᠷᠣᠵᠤ ᠡᠴᠢᠭᠰᠡᠨ ᠳ᠋ᠦ᠍ᠷ ᠤᠷᠲᠤ᠂ ᠷᠢᠨᠴᠢᠨ ᠬᠣᠶᠠᠭᠤᠯᠠ ᠬᠡᠳᠦᠢᠨᠡᠢ ᠡᠭᠡᠵᠦ ᠪᠤᠷᠤᠭᠤᠯᠠᠪᠠ᠃ ᠬᠡᠷᠡᠢᠳ ᠦ᠋ᠨ ᠴᠡᠷᠢᠭ ᠲᠤᠭ ᠳᠠᠯᠪᠠᠭ᠎ᠠ ᠬᠡᠩᠭᠡᠷᠭᠡ ᠵᠡᠪᠰᠡᠭ ᠢ᠋ ᠤᠳᠠᠭ᠎ᠠ ᠪᠦᠷᠢ ᠣᠯᠵᠠᠯᠠᠭᠰᠠᠭᠠᠷ ᠪᠠᠶᠠᠷᠲᠠᠶ᠎ᠠ ᠨᠡᠬᠡᠵᠦ ᠭᠤᠴᠢᠨ ᠭᠠᠵᠠᠷ ᠭᠠᠷᠲᠠᠯ᠎ᠠ ᠪᠸᠲ᠋ᠠ᠋ ᠤᠯᠤᠰ ᠤ᠋ᠨ ᠶᠢᠰᠦᠳᠦᠭᠡᠷ ᠪᠠᠭ ᠤ᠋ᠨ ᠠᠯᠤᠬ᠎ᠠ᠂ ᠰᠦᠬᠡ ᠬᠣᠶᠠᠭᠤᠯᠠ ᠶ᠋ᠢᠨ ᠴᠡᠷᠢᠭ ᠭᠠᠷᠴᠤ ᠳᠡᠮᠡᠢᠯᠡ ᠬᠠᠷᠢᠶᠠᠵᠤ ᠳᠤᠲᠠᠭᠠᠮᠤᠢ᠂ ᠳᠣᠲᠣᠷ᠎ᠠ ᠪᠠᠰᠠ ᠬᠦ᠌ ᠲᠠᠢᠽᠦ ᠶ᠋ᠢᠨ ᠲᠤᠭ ᠳᠠᠯᠪᠠᠭ᠎ᠠ ᠪᠣᠢ ᠲᠤᠯᠠ ᠨᠢᠭᠡᠨᠲᠡ ᠰᠡᠵᠢᠭ ᠦᠭᠡᠢ ᠪᠡᠷ ᠬᠥᠭᠡᠭᠡᠵᠦ ᠡᠴᠢᠪᠡ᠃ ᠬᠡᠷᠡᠢᠳ ᠦ᠋ᠨ ᠴᠡᠷᠢᠭ ᠦ᠋ᠨ ᠲᠤᠯᠭ᠎ᠠ ᠵᠣᠭᠣᠷᠢ ᠪᠠᠢᠴᠠᠭᠠᠭᠰᠠᠨ ᠠᠷᠠᠳ ᠢᠷᠡᠵᠦ ᠮᠡᠳᠡᠭᠦᠯᠦᠷᠦᠨ : 《ᠪᠸᠲ᠋ᠠ᠋ ᠤᠯᠤᠰ ᠤ᠋ᠨ ᠴᠡᠷᠢᠭ ᠬᠡᠳᠦᠨ ᠮᠢᠩᠭᠠᠨ ᠠ᠋ᠴᠠ ᠬᠡᠲᠦᠷᠡᠬᠦ ᠦᠭᠡᠢ 》ᠬᠡᠮᠡᠭᠰᠡᠨ ᠳ᠋ᠦ᠍ᠷ ᠨᠡᠬᠡᠵᠦ ᠭᠠᠯᠵᠠᠭᠤ ᠮᠥᠷᠡᠨ ᠦ᠌ ᠬᠥᠪᠡᠭᠡ ᠳ᠋ᠦ᠍ᠷ ᠬᠦᠷᠲᠡᠯ᠎ᠡ ᠪᠸᠲ᠋ᠠ᠋ ᠤᠯᠤᠰ ᠤ᠋ᠨ ᠴᠡᠷᠢᠭ ᠬᠡᠳᠦᠢᠨᠡᠢ ᠭᠠᠯᠵᠠᠭᠤ ᠮᠥᠷᠡᠨ ᠢ᠋ ᠭᠡᠲᠦᠯᠵᠦ ᠡᠴᠢᠭᠰᠡᠨ ᠲᠤᠯᠠ ᠵᠠᠮᠤᠬ᠎ᠠ ᠶᠡᠬᠡ ᠪᠠᠭᠤᠳᠠᠯ ᠪᠠᠭᠤᠵᠤ ᠰᠥᠨᠢ ᠳᠦᠯᠢᠨ ᠴᠡᠷᠢᠭ ᠲᠦ᠍ᠷ ᠵᠠᠷᠯᠠᠵᠤ ᠥᠭᠦᠯᠡᠷᠦᠨ : 《ᠪᠸᠲ᠋ᠠ᠋ ᠤᠯᠤᠰ ᠲᠦᠮᠡᠨ ᠢᠯᠡᠭᠦᠦ ᠴᠡᠷᠢᠭ ᠢ᠋ᠶ᠋ᠡᠷ ᠬᠣᠶᠠᠷ ᠪᠠᠭᠤᠳᠠᠯ ᠢ᠋ᠶ᠋ᠠᠷ ᠡᠭᠡᠯᠵᠢᠯᠡᠨ ᠰᠣᠯᠢᠵᠤ ᠪᠠᠭᠤᠳᠠᠯ ᠪᠠᠭᠤᠵᠤ᠂ ᠮᠠᠨ ᠤ᠋ ᠨᠡᠬᠡᠬᠦ ᠶ᠋ᠢ ᠵᠣᠭᠰᠣᠭᠠᠰᠤᠭᠠᠢ ᠬᠡᠮᠡᠬᠦ ᠢᠨᠦ ᠨᠢᠭᠡᠨᠲᠡ ᠢᠯᠡᠷᠡᠵᠦ ᠭᠠᠷᠪᠠᠢ᠃ ᠲᠡᠮᠦᠵᠢᠨ ᠯᠠᠪ ᠡᠨᠡ ᠬᠣᠶᠠᠷ ᠠᠩᠭᠢ ᠴᠡᠷᠢᠭ ᠦ᠋ᠨ ᠨᠢᠭᠡᠨ ᠳ᠋ᠦ᠍ᠷ ᠢᠨᠦ ᠪᠣᠢ᠂ ᠲᠡᠳᠡᠨ ᠦ᠌ ᠴᠡᠷᠢᠭ ᠬᠥᠩᠭᠡᠨ ᠰᠤᠪᠠᠢ ᠶᠠᠪᠤᠬᠤ ᠠᠨᠤ ᠲᠦᠷᠭᠡᠨ᠂ ᠮᠠᠨ ᠤ᠋ ᠴᠡᠷᠢᠭ ᠬᠦᠨᠳᠦ ᠨᠦᠰᠡᠷ ᠲᠤᠯᠠ ᠶᠠᠪᠤᠬᠤ ᠠᠨᠤ ᠤᠳᠠᠭᠠᠨ ᠶᠡᠬᠡ ᠬᠦᠷᠢᠶ᠎ᠡ ᠪᠠ ᠬᠦᠨᠳᠦ ᠬᠥᠰᠬᠡ ᠶ᠋ᠢ ᠴᠥᠮ ᠮᠥᠷᠡᠨ ᠦ᠌ ᠡᠨᠡᠲᠡᠭᠡ ᠦᠯᠡᠳᠡᠭᠡᠭᠡᠳ ᠭᠠᠭᠴᠠ ᠶᠠᠪᠠᠭᠠᠨ ᠪᠠᠭᠤᠳᠠᠯ ᠢ᠋ᠶ᠋ᠠᠷ ᠮᠠᠷᠭᠠᠲᠠ ᠶ᠋ᠢᠨ ᠦᠷ ᠦ᠋ᠨ ᠬᠢᠷᠠᠭ᠎ᠠ ᠳ᠋ᠤᠷ ᠮᠥᠷᠡᠨ ᠢ᠋ ᠭᠡᠲᠦᠯᠦᠮᠡᠭᠴᠡ ᠪᠸᠲ᠋ᠠ᠋ ᠤᠯᠤᠰ ᠤ᠋ᠨ ᠡᠨᠡ ᠬᠣᠶᠠᠷ ᠠᠩᠭᠢ ᠴᠡᠷᠢᠭ ᠢ᠋ ᠡᠷᠬᠡᠪᠰᠢ ᠬᠠᠮᠲᠤ ᠪᠠᠷ ᠬᠥᠭᠡᠭᠡᠵᠦ ᠭᠦᠢᠴᠡᠨ ᠳᠠᠷᠤᠵᠤ ᠠᠪᠰᠤᠭᠠᠢ᠂ ᠬᠡᠨ ᠬᠥᠮᠦᠨ ᠤᠳᠠᠵᠤ ᠠᠯᠭᠤᠷᠯᠠᠪᠠᠰᠤ ᠲᠡᠭᠦᠨ ᠢ᠋ ᠴᠠᠪᠴᠢᠨ ᠠᠯᠠᠮᠤᠢ ! 》 ᠭᠡᠮᠡᠨ ᠴᠢᠩᠳᠠ ᠵᠠᠷᠯᠠᠭᠠᠳ ᠵᠢᠴᠢ ᠥᠷᠯᠥᠭᠡ ᠦᠷ ᠦ᠋ᠨ ᠬᠢᠷᠠᠭ᠎ᠠ ᠳ᠋ᠤᠷ ᠬᠦᠨᠳᠦ ᠨᠦᠰᠡᠷ ᠲᠤᠭ ᠳᠠᠯᠪᠠᠭ᠎ᠠ ᠶ᠋ᠢ ᠴᠥᠮ ᠣᠷᠬᠢᠵᠤ᠂ ᠶᠠᠪᠠᠭᠠᠨ ᠪᠠᠭᠤᠳᠠᠯ ᠢ᠋ᠶ᠋ᠠᠷ ᠤᠷᠢᠳᠠ ᠸᠠᠩ ᠬᠠᠭᠠᠨ ᠢ᠋ᠶ᠋ᠠᠨ ᠮᠥᠷᠡᠨ ᠢ᠋ ᠭᠡᠲᠦᠯᠦᠭᠦᠯᠦᠭᠡᠳ ᠪᠠᠷᠰ ᠤ᠋ᠨ ᠵᠠᠩᠵᠤᠨ ᠬᠣᠣᠷᠭᠣᠰ ᠲᠤᠷ ᠨᠢᠭᠡᠨ ᠮᠢᠩᠭᠠᠨ ᠴᠡᠷᠢᠭ ᠥᠭᠭᠦᠨ ᠶᠡᠬᠡ ᠬᠦᠷᠢᠶ᠎ᠡ ᠶ᠋ᠢ ᠰᠠᠬᠢᠭᠤᠯᠤᠭᠠᠳ ᠪᠤᠰᠤ ᠴᠡᠷᠢᠭ ᠳᠣᠪᠲᠣᠯᠤᠨ ᠮᠥᠷᠡᠨ ᠢ᠋ ᠭᠡᠲᠦᠯᠦᠨ ᠮᠥᠷ ᠮᠥᠰᠬᠢᠵᠦ ᠡᠴᠢᠬᠦᠶ᠎ᠡ᠂ ᠰᠡᠭᠦᠯ ᠦ᠋ᠨ ᠴᠡᠷᠢᠭ ᠥᠭᠦᠯᠡᠷᠦᠨ : 《ᠮᠥᠷᠡᠨ ᠦ᠌ ᠡᠨᠡᠲᠡᠭᠡ ᠮᠢᠩᠭᠠᠨ ᠪᠤᠷᠭᠠᠰᠤᠲᠠᠢ ᠶ᠋ᠢᠨ ᠲᠠᠯ᠎ᠠ ᠳ᠋ᠤᠷ ᠮᠣᠷᠢᠨ ᠤ᠋ ᠢᠨᠴᠠᠭᠠᠬᠤ ᠳᠠᠭᠤᠨ ᠭᠠᠷᠴᠤ ᠪᠣᠢ ! 》 ᠬᠡᠮᠡᠲᠡᠯ᠎ᠡ ᠡᠮᠦᠨ᠎ᠡ ᠴᠡᠷᠢᠭ ᠢᠷᠡᠵᠦ ᠮᠡᠳᠡᠭᠦᠯᠦᠷᠦᠨ : 《 ᠪᠠᠷᠠᠭᠤᠨ ᠪᠣᠷᠣ ᠪᠣᠢᠪᠣᠷ ᠤ᠋ᠨ ᠰᠥᠭᠡᠭ ᠡᠴᠡ ᠪᠠᠰᠠ ᠪᠸᠲ᠋ᠠ᠋  ᠤᠯᠤᠰ ᠤ᠋ᠨ ᠴᠡᠷᠢᠭ ᠭᠠᠷᠴᠤ ᠫᠤᠤ ᠳᠠᠭᠤᠷᠢᠰᠴᠤ ᠰᠣᠨᠣᠰᠳᠠᠮᠤᠢ !》ᠬᠡᠮᠡᠬᠦᠢ ᠳ᠋ᠦ᠍ᠷ ᠵᠠᠮᠤᠬ᠎ᠠ ᠥᠭᠦᠯᠡᠷᠦᠨ : 《ᠲᠡᠳᠡᠭᠡᠷ ᠴᠥᠮ ᠰᠡᠵᠢᠭᠯᠡᠭᠦᠯᠬᠦ ᠰᠡᠮᠵᠡᠨ ᠠᠷᠭ᠎ᠠ᠂ ᠣᠯᠠᠨ ᠦᠭᠡ ᠬᠡᠷᠡᠭ ᠦᠭᠡᠢ᠂ ᠲᠦᠷᠭᠡᠨ᠎ᠡ ᠣᠷᠣᠭᠰᠢ ᠨᠡᠬᠡᠵᠦ ᠳᠣᠪᠲᠣᠯᠤᠨ ᠶᠠᠪᠤ ! 》 ᠭᠡᠮᠡᠨ ᠬᠠᠷᠠᠬᠠᠨ ᠬᠠᠲᠠᠷᠢᠭᠤᠯᠬᠤᠶ᠎ᠠ᠂ ᠪᠸᠲ᠋ᠠ᠋ ᠤᠯᠤᠰ ᠤ᠋ᠨ ᠠᠷᠪᠠᠳᠤᠭᠠᠷ ᠠᠩᠭᠢ ᠶ᠋ᠢᠨ ᠥᠨᠳᠥᠷ ᠰᠡᠴᠡᠨ᠂ ᠦᠯᠬᠦ ᠶ᠋ᠢᠨ ᠵᠦᠨᠲᠡᠢ ᠬᠣᠶᠠᠭᠤᠯᠠ ᠶ᠋ᠢᠨ ᠴᠡᠷᠢᠭ ᠲᠦ᠍ᠷ ᠤᠴᠠᠷᠠᠵᠤ ᠬᠠᠷᠠᠬᠠᠨ ᠰᠡᠭᠦᠯ ᠳᠠᠷᠤᠨ ᠨᠡᠬᠡᠭᠰᠡᠭᠡᠷ᠂ ᠬᠠᠷ᠎ᠠ ᠬᠠᠯᠵᠢᠨ᠎ᠠ ᠶ᠋ᠢᠨ ᠳᠣᠣᠷ᠎ᠠ ᠬᠦᠷᠴᠦ ᠢᠷᠡᠭᠡᠳ ᠨᠢᠭᠡᠨ ᠨᠠᠷᠢᠨ ᠵᠡᠪᠡ ᠠᠮᠠᠨ ᠳ᠋ᠤᠷ ᠣᠷᠣᠵᠤ ᠡᠴᠢᠭᠡᠳ ᠦᠵᠡᠭᠳᠡᠬᠦ ᠦᠭᠡᠢ ᠪᠣᠯᠤᠭᠰᠠᠨ ᠳ᠋ᠤᠷ ᠪᠦᠭᠦᠳᠡᠭᠡᠷ ᠳᠡᠰ ᠠᠭᠤᠯᠠᠨ ᠤ᠋ ᠬᠡᠷᠡᠭ ᠢ᠋ ᠰᠠᠨᠠᠭᠠᠯᠵᠠᠨ ᠶᠡᠬᠡᠯ᠎ᠡ ᠠᠶᠤᠯᠳᠤᠨ ᠵᠣᠭᠰᠣᠪᠠ᠃   
       ᠲᠡᠳᠦᠢ ᠵᠠᠮᠤᠬ᠎ᠠ ᠰᠡᠵᠢᠭᠯᠡᠨ ᠰᠢᠨᠵᠢᠯᠡᠨ ᠦᠵᠡᠪᠡᠰᠦ᠂ ᠳᠠᠪᠠᠭᠠᠨ ᠤ᠋ ᠣᠷᠣᠢ ᠳ᠋ᠤᠷ ᠪᠸᠲ᠋ᠠ᠋ ᠤᠯᠤᠰ ᠤ᠋ᠨ ᠡᠵᠡᠨ ᠦ᠌ ᠨᠢᠭᠡᠨ ᠬᠦᠷᠢᠶ᠎ᠡ ᠪᠣᠢ᠂ ᠲᠤᠭ ᠳᠠᠯᠪᠠᠭ᠎ᠠ ᠣᠯᠠᠨ ᠪᠣᠯᠪᠠᠴᠤ ᠬᠥᠮᠦᠨ ᠢᠨᠣ ᠦᠵᠡᠭᠳᠡᠬᠦ ᠦᠭᠡᠢ᠂ ᠬᠥᠨᠳᠡᠢ ᠬᠣᠭᠣᠰᠣᠨ ᠬᠦᠷᠢᠶ᠎ᠡ ᠪᠣᠢ ᠲᠤᠯᠠ ᠵᠠᠮᠤᠬ᠎ᠠ ᠠᠯᠠᠭ᠎ᠠ ᠪᠠᠨ ᠳᠡᠯᠡᠳᠦᠨ ᠢᠨᠢᠶᠡᠨ ᠥᠭᠦᠯᠡᠷᠦᠨ :《ᠡᠨᠡ ᠲᠡᠮᠦᠵᠢᠨ ᠬᠥᠪᠡᠭᠦᠨ ᠦ᠌ ᠲᠣᠭ᠎ᠠ ᠠᠨᠤ ᠲᠡᠭᠦᠰᠪᠡ᠂ ᠡᠨᠡ ᠳᠠᠪᠠᠭᠠᠨ ᠤ᠋ ᠳᠡᠭᠡᠷ᠎ᠡ ᠤᠰᠤ ᠦᠭᠡᠢ ᠬᠡᠳᠦᠬᠡᠨ ᠮᠢᠩᠭᠠᠨ ᠴᠡᠷᠢᠭ ᠢ᠋ᠶ᠋ᠡᠷ ᠮᠢᠨᠦ ᠠᠷᠪᠠᠨ ᠲᠦᠮᠡᠨ ᠴᠡᠷᠢᠭ ᠲᠦ᠍ᠷ ᠬᠠᠭᠠᠭᠳᠠᠪᠠᠰᠤ᠂ ᠬᠠᠷᠠᠭᠰᠠᠭᠠᠷ ᠬᠠᠲᠠᠵᠤ ᠦᠬᠦᠬᠦ ᠪᠣᠯᠠᠢ !》ᠬᠡᠮᠡᠵᠦ ᠶᠡᠬᠡ ᠬᠡᠩᠭᠡᠷᠭᠡ ᠳᠡᠯᠡᠳᠦᠭᠦᠯᠵᠦ᠂ ᠠᠷᠪᠠᠨ ᠲᠦᠮᠡᠨ ᠴᠡᠷᠢᠭ ᠢ᠋ᠶ᠋ᠡᠨ ᠳᠡᠯᠭᠡᠨ ᠬᠠᠯᠵᠢᠨ᠎ᠠ ᠶ᠋ᠢᠨ ᠳᠠᠪᠠᠭᠠᠨ ᠢ᠋ ᠬᠠᠭᠠᠵᠤ ᠪᠠᠭᠤᠳᠠᠯᠯᠠᠪᠠᠢ᠃ ᠸᠠᠩ ᠬᠠᠭᠠᠨ᠂ ᠭᠦᠷᠡᠯᠵᠡᠭᠡᠨ᠎ᠡ  ᠵᠢᠶᠦ᠋ᠨ ᠱᠢ᠂ ᠠᠷᠳᠠ ᠲᠠᠢᠰᠢ ᠭᠤᠷᠪᠠᠭᠤᠯᠠ ᠬᠣᠢᠲᠤ ᠪᠡᠶ᠎ᠡ ᠶ᠋ᠢ ᠬᠠᠭᠠᠪᠠ᠃ ᠲᠠᠢᠽᠢ ᠢᠯᠠᠭᠤ᠂ ᠲᠠᠢᠪᠤᠤ ᠭᠣᠯᠢᠨᠲᠠᠢ᠂ ᠲᠠᠢᠰᠢ ᠬᠤᠰᠠᠭᠤᠷ ᠢ᠋ ᠠᠪᠴᠤ ᠡᠮᠦᠨ᠎ᠡ ᠡᠲᠡᠭᠡᠳ ᠢ᠋ ᠵᠠᠬᠢᠷᠪᠠ᠃  ᠶᠤᠸᠠᠨᠱᠤᠸᠠᠢ ᠵᠠᠮᠤᠬ᠎ᠠ᠂ ᠲᠠᠢᠰᠢ ᠣᠯᠢᠨᠲᠠᠢ᠂ ᠲᠠᠢᠪᠤᠤ ᠳᠡᠯᠵᠢᠲᠠᠢ ᠭᠤᠷᠪᠠᠭᠤᠯᠠ ᠵᠡᠭᠦᠨ ᠬᠣᠷᠮᠣᠢ ᠶ᠋ᠢ ᠬᠤᠮᠪᠢᠪᠠ᠃ ᠭᠤᠷᠪᠠᠨ ᠪᠠᠷᠰ ᠤ᠋ᠨ ᠵᠠᠩᠵᠤᠨ ᠱᠤᠮᠪᠤᠨ᠂ ᠪᠥᠭᠰᠡᠷ᠂ ᠪᠠᠲ᠋ᠠ ᠭᠤᠷᠪᠠᠭᠤᠯᠠ ᠪᠠᠷᠠᠭᠤᠨ ᠴᠢᠬᠤᠯᠠ ᠵᠠᠮ ᠢ᠋ ᠪᠥᠭᠯᠡᠪᠡ᠃ ᠶᠡᠬᠡ ᠴᠡᠷᠢᠭ ᠮᠠᠢᠬᠠᠨ ᠵᠠᠯᠭᠠᠯᠳᠤᠵᠤ ᠭᠤᠷᠪᠠᠨ ᠳᠠᠪᠬᠤᠷ ᠪᠦᠰᠡᠯᠡᠵᠦ ᠪᠠᠭᠤᠪᠠ᠃ ᠲᠡᠳᠦᠢ ᠪᠠᠰᠠ ᠪᠠᠢᠨ ᠪᠠᠢᠨ ᠬᠠᠰᠬᠢᠷᠤᠨ ᠬᠠᠷᠢᠶᠠᠯᠭᠠᠭᠰᠠᠭᠠᠷ ᠨᠠᠷᠠᠨ ᠰᠢᠩᠭᠡᠵᠦ ᠬᠠᠷᠠᠩᠭᠤᠢ ᠪᠣᠯᠪᠠ᠃ ᠵᠠᠮᠤᠬ᠎ᠠ ᠪᠡᠶ᠎ᠡ ᠪᠡᠷ ᠳᠥᠷᠪᠡᠨ ᠡᠲᠡᠭᠡᠳ ᠢ᠋ ᠴᠠᠭᠳᠠᠨ ᠶᠠᠪᠤᠪᠠᠴᠤ ᠬᠡᠷᠡᠢᠳ ᠦ᠋ᠨ ᠴᠡᠷᠢᠭ ᠥᠪᠡᠷ ᠦ᠋ᠨ ᠴᠡᠷᠢᠭ ᠦ᠋ᠨ ᠣᠯᠠᠨ ᠳ᠋ᠤᠷ ᠡᠷᠳᠦᠵᠦ ᠳᠠᠷᠠᠭ᠎ᠠ ᠪᠠᠷ ᠳᠡᠢᠯᠦᠭᠰᠡᠨ᠎ᠡ ᠰᠥᠰᠥ ᠶᠡᠬᠡᠳᠦᠨ᠂ ᠪᠠᠰᠠ ᠬᠥᠮᠦᠨ ᠶᠠᠳᠠᠵᠤ ᠮᠣᠷᠢ ᠵᠦᠳᠡᠭᠰᠡᠨ ᠲᠤᠯᠠ ᠴᠠᠭᠳᠠᠨ ᠥᠩᠭᠡᠷᠡᠮᠡᠭᠴᠡ ᠲᠠᠩᠭᠠᠢᠨ ᠬᠡᠪᠲᠡᠵᠦ ᠤᠮᠳᠠᠮᠤᠢ᠃ 
       ᠲᠡᠨᠳᠡᠴᠡ ᠲᠠᠢᠽᠦ ᠶ᠋ᠢᠨ ᠠᠷᠪᠠᠨ ᠠᠩᠭᠢ ᠴᠡᠷᠢᠭ ᠡᠴᠡ ᠰᠥᠪᠡᠬᠡᠲᠡᠢ᠂ ᠵᠦᠯᠭᠡᠲᠡᠢ ᠬᠣᠶᠠᠷ ᠪᠠᠭᠠᠲᠤᠷ ᠪᠠ ᠠᠯᠤᠬ᠎ᠠ᠂ ᠰᠦᠬᠡ ᠬᠣᠶᠠᠭᠤᠯᠠ ᠶ᠋ᠢᠨ ᠬᠣᠶᠠᠷ ᠠᠩᠭᠢ ᠴᠡᠷᠢᠭ ᠴᠥᠮ ᠭᠠᠯᠵᠠᠭᠤ ᠮᠥᠷᠡᠨ ᠦ᠌ ᠮᠢᠩᠭᠠᠨ ᠪᠤᠷᠭᠠᠰᠤᠲᠠᠢ ᠬᠡᠮᠡᠬᠦ ᠲᠠᠯ᠎ᠠ ᠳ᠋ᠤᠷ ᠪᠦᠭᠭᠦᠵᠦ᠂ ᠡᠭᠡᠬᠦ ᠴᠡᠷᠢᠭ ᠪᠠ ᠬᠡᠷᠡᠢᠳ ᠦ᠋ᠨ ᠶᠡᠬᠡ ᠪᠠᠭᠤᠳᠠᠯ ᠢ᠋ ᠡᠭᠡᠵᠦ ᠠᠪᠬᠤᠶ᠎ᠠ ᠪᠦᠭᠭᠦᠭᠰᠡᠨ ᠲᠤᠯᠠ ᠬᠠᠯᠵᠢᠨ᠎ᠠ ᠶ᠋ᠢᠨ ᠳᠠᠪᠠᠭᠠᠨ᠎ᠠ ᠨᠠᠢ᠍ᠮᠠᠨ ᠠᠩᠭᠢ ᠴᠡᠷᠢᠭ ᠬᠡᠳᠦᠢᠨᠡᠢ ᠴᠥᠮ ᠳᠣᠬᠢᠶ᠎ᠠ ᠲᠡᠮᠳᠡᠭ ᠢ᠋ᠶ᠋ᠡᠨ ᠵᠥᠪᠯᠡᠨ ᠲᠣᠭᠲᠠᠭᠰᠠᠨ ᠲᠤᠯᠠ ᠴᠤᠭᠠᠷ ᠪᠡᠯᠡᠳᠬᠡᠵᠦ ᠪᠥᠬᠥᠶ᠎ᠡ᠂ ᠡᠨᠡ ᠬᠡᠳᠦᠨ ᠡᠳᠦᠷ ᠦ᠋ᠨ ᠡᠮᠦᠨᠡᠲᠦ ᠰᠠᠯᠬᠢᠨ ᠳ᠋ᠤᠷ ᠬᠡᠷᠡᠢᠳ ᠦ᠋ᠨ ᠴᠡᠷᠢᠭ ᠬᠠᠷᠠᠬᠠᠨ ᠪᠡᠶ᠎ᠡ ᠰᠤᠯᠠᠷᠠᠨ ᠠᠯᠵᠢᠶᠠᠨ ᠴᠢᠯᠡᠭᠡᠷᠬᠡᠵᠦ᠂ ᠨᠢᠳᠦ ᠨᠡᠬᠡᠭᠡᠱᠢ ᠦᠭᠡᠢ ᠤᠮᠳᠠᠯᠴᠠᠬᠤᠶ᠎ᠠ᠂ ᠭᠡᠨᠡᠳᠲᠡ ᠳᠠᠪᠠᠭᠠᠨ ᠤ᠋ ᠣᠷᠣᠢ ᠳ᠋ᠤᠷ ᠫᠤᠤ ᠶ᠋ᠢᠨ ᠳᠠᠭᠤᠨ ᠭᠠᠷᠤᠮᠠᠭᠴᠠ ᠳᠠᠪᠠᠭᠠᠨ ᠢ᠋ ᠲᠣᠭᠣᠷᠢᠵᠤ ᠵᠦᠭ ᠪᠦᠷᠢ ᠳ᠋ᠦ᠍ᠷ ᠪᠠᠰᠠ ᠴᠥᠮ ᠫᠤᠤ ᠶ᠋ᠢᠨ ᠳᠠᠭᠤᠨ ᠳᠦᠴᠢᠭᠢᠨᠡᠵᠦ ᠭᠠᠷᠤᠮᠠᠭᠴᠠ ᠠᠭᠤᠯᠠᠨ ᠤ᠋ ᠣᠷᠣᠢ ᠳ᠋ᠤᠷ ᠭᠠᠯ ᠨᠣᠴᠣᠵᠤ ᠳᠠᠪᠠᠭ᠎ᠠ ᠳᠦᠭᠦᠷᠡᠩ ᠬᠠᠰᠬᠢᠷᠤᠯᠳᠤᠨ᠂ ᠨᠠᠢ᠍ᠮᠠᠨ ᠠᠩᠭᠢ ᠪᠠᠷ ᠳᠡᠭᠡᠷ᠎ᠡ ᠡᠴᠡ ᠤᠷᠤᠭᠤ ᠥᠩᠬᠥᠷᠢᠬᠦ ᠴᠢᠯᠠᠭᠤ ᠮᠡᠲᠦ ᠪᠠᠭᠤᠨ ᠢᠷᠡᠬᠦᠢ ᠳ᠋ᠦ᠍ᠷ ᠡᠨᠡ ᠰᠥᠨᠢ ᠪᠠᠰᠠ ᠡᠭᠦᠯᠡᠲᠦᠵᠦ ᠫᠠᠳ ᠬᠠᠷᠠᠩᠭᠤᠢ᠂ ᠡᠮᠦᠨ᠎ᠡ ᠰᠠᠯᠬᠢᠨ ᠪᠠᠰᠠ ᠨᠡᠩ ᠨᠡᠮᠡᠭᠳᠡᠨ ᠨᠢᠳᠦ ᠴᠢᠴᠢᠮ᠎ᠡ ᠬᠠᠷᠠᠩᠭᠤᠢ ᠳ᠋ᠤᠷ ᠪᠸᠲ᠋ᠠ᠋ ᠤᠯᠤᠰ ᠤ᠋ᠨ ᠨᠠᠢ᠍ᠮᠠᠨ ᠵᠠᠮ ᠤ᠋ᠨ ᠴᠡᠷᠢᠭ ᠴᠤᠭᠠᠷ ᠴᠣᠬᠢᠵᠤ ᠳᠠᠪᠠᠭᠠᠨ ᠠ᠋ᠴᠠ ᠪᠠᠭᠤᠭᠠᠳ ᠬᠡᠷᠡᠢᠳ ᠦ᠋ᠨ ᠴᠡᠷᠢᠭ ᠦ᠋ᠨ ᠭᠠᠳᠠᠨ᠎ᠠ ᠰᠢᠪᠲᠤᠯᠤᠨ ᠭᠠᠷᠴᠤ ᠬᠠᠯᠵᠢᠨ᠎ᠠ ᠶ᠋ᠢᠨ ᠳᠠᠪᠠᠭᠠᠨ ᠤ᠋ ᠡᠮᠦᠨ᠎ᠡ ᠬᠣᠷᠮᠣᠢ ᠠ᠋ᠴᠠ ᠭᠠᠯ ᠨᠣᠴᠣᠵᠤ᠂ ᠰᠠᠯᠬᠢᠨ ᠳ᠋ᠤᠷ ᠭᠠᠯ ᠬᠥᠭᠵᠢᠵᠦ᠂ ᠭᠠᠯ ᠤ᠋ᠨ ᠴᠤᠷᠮᠠᠳᠠᠰᠤ ᠳ᠋ᠤᠷ ᠲᠦᠯᠡᠭᠡ ᠨᠣᠴᠣᠵᠤ᠂ ᠬᠦᠷᠴᠢᠭᠢᠨᠡᠨ ᠬᠥᠭᠵᠢᠬᠦ ᠴᠢᠮᠡᠭᠡ ᠲᠡᠭᠷᠢ ᠯᠦ᠍ᠭᠡ ᠦᠷᠭᠦᠯᠵᠢᠯᠡᠨ᠂ ᠭᠠᠯ ᠤ᠋ᠨ ᠭᠡᠷᠡᠯ ᠭᠢᠯᠪᠢᠯᠭᠡᠨ ᠦ᠌ ᠭᠡᠷᠡᠯ ᠯᠦ᠍ᠭᠡ ᠵᠠᠯᠭᠠᠯᠳᠤᠨ᠂ ᠠᠭᠤᠯᠠᠨ ᠤ᠋ ᠣᠷᠣᠢ ᠠ᠋ᠴᠠ ᠵᠡᠯᠮ᠎ᠡ ᠪᠠᠰᠠ ᠬᠡᠳᠦᠨ ᠵᠠᠭᠤᠨ ᠮᠣᠷᠢᠨ ᠤ᠋ ᠰᠡᠭᠦᠯ ᠳ᠋ᠦ᠍ᠷ ᠬᠠᠭᠤᠷᠠᠢ ᠡᠪᠡᠰᠦᠨ ᠢ᠋ ᠤᠶᠠᠭᠤᠯᠵᠤ᠂  ᠳᠣᠲᠣᠷ᠎ᠠ ᠴᠥᠮ ᠬᠣᠨᠢᠨ ᠳᠠᠪᠤᠰᠠᠩ ᠤ᠋ᠨ ᠲᠣᠰᠣ ᠪᠣᠢ ᠲᠤᠯᠠ ᠭᠠᠯ ᠤ᠋ᠨ ᠬᠥᠭᠵᠢᠬᠦ ᠢᠨᠦ ᠨᠡᠩ ᠬᠦᠴᠦᠲᠡᠢ ᠳ᠋ᠦ᠍ᠷ ᠡᠭᠦᠨ ᠢ᠋ ᠴᠥᠮ ᠨᠣᠴᠣᠭᠠᠵᠤ᠂ ᠰᠠᠯᠬᠢᠨ ᠤᠷᠤᠭᠤ ᠸᠠᠩ ᠬᠠᠭᠠᠨ ᠤ᠋ ᠬᠦᠷᠢᠶ᠎ᠡ ᠶ᠋ᠢᠨ ᠵᠦᠭ ᠳᠣᠪᠲᠣᠯᠭᠠᠨ ᠣᠷᠣᠭᠤᠯᠵᠤ᠂ ᠬᠣᠢᠨ᠎ᠠ ᠠ᠋ᠴᠠ ᠠᠯᠠᠨ ᠪᠠᠭᠤᠪᠠ᠃ ᠡᠨᠡ ᠦᠶ᠎ᠡ ᠳ᠋ᠦ᠍ᠷ ᠸᠠᠩ ᠬᠠᠭᠠᠨ ᠬᠠᠷᠠᠬᠠᠨ ᠰᠡᠵᠢᠭᠯᠡᠵᠦ ᠬᠠᠷᠠᠨ ᠬᠠᠷᠠᠨ ᠦᠵᠡᠬᠦᠶ᠎ᠡ᠂ ᠭᠠᠯ ᠤ᠋ᠨ ᠨᠥᠯᠡ ᠲᠡᠭᠷᠢ ᠡᠴᠡ ᠪᠠᠭᠤᠵᠤ᠂ ᠬᠠᠳᠠᠨ ᠬᠠᠭᠤᠷᠠᠢ ᠡᠪᠡᠰᠦ ᠰᠢᠷᠠᠯᠵᠢ ᠴᠥᠮ ᠰᠢᠳᠡᠵᠦ᠂ ᠲᠡᠭᠦᠨ ᠦ᠌ ᠬᠦᠷᠢᠶ᠎ᠡ ᠳ᠋ᠦ᠍ᠷ ᠭᠠᠯ ᠤ᠋ᠨ ᠯᠤᠤ ᠬᠡᠳᠦᠨ ᠮᠢᠩᠭᠠᠨ ᠵᠤᠷᠪᠤᠰ ᠢ᠋ᠶ᠋ᠠᠷ ᠭᠤᠷᠠᠪᠠᠯᠵᠠᠨ ᠣᠷᠣᠵᠤ ᠢᠷᠡᠬᠦᠶ᠎ᠡ᠂ ᠭᠠᠯ ᠤ᠋ᠨ ᠭᠡᠷᠡᠯ ᠳᠣᠣᠷ᠎ᠠ᠂ ᠪᠸᠲ᠋ᠠ᠋ ᠤᠯᠤᠰ ᠤ᠋ᠨ ᠴᠡᠷᠢᠭ ᠦ᠋ᠨ ᠥᠭᠡᠳᠡ ᠡᠴᠡ ᠦᠵᠡᠪᠡᠰᠦ ᠴᠥᠮ ᠬᠡᠳᠦᠨ ᠠᠯᠲᠠ ᠥᠨᠳᠥᠷ ᠦᠵᠡᠭᠳᠡᠵᠦ᠂ ᠴᠥᠮ ᠲᠡᠭᠷᠢ ᠰᠠᠬᠢᠭᠤᠯᠰᠤᠨ ᠪᠠᠭᠤᠵᠤ ᠢᠷᠡᠪᠡ ᠬᠡᠮᠡᠯᠳᠦᠵᠦ᠂ ᠬᠡᠷᠡᠢᠳ ᠦ᠋ᠨ ᠴᠡᠷᠢᠭ ᠪᠠᠭᠤᠳᠠᠯ ᠢ᠋ᠶ᠋ᠠᠨ ᠣᠷᠬᠢᠵᠤ ᠵᠡᠭᠦᠨ ᠬᠣᠢᠲᠤ ᠵᠦᠭ ᠪᠤᠷᠤᠭᠤᠯᠠᠬᠤᠶ᠎ᠠ᠂ ᠸᠠᠩ ᠬᠠᠭᠠᠨ ᠭᠠᠯ ᠤ᠋ᠨ ᠠᠶᠤᠯ ᠳ᠋ᠤᠷ ᠵᠢᠷᠦᠬᠡ ᠬᠡᠮᠬᠡᠷᠡᠭᠰᠡᠨ ᠲᠤᠯᠠ ᠳᠡᠪᠡᠯ ᠮᠠᠯᠠᠭ᠎ᠠ ᠪᠠᠨ ᠲᠠᠢᠯᠤᠨ ᠴᠣᠬᠢᠮᠠᠭᠴᠠ ᠳᠠᠷᠤᠢ ᠪᠤᠷᠤᠭᠤᠯᠠᠪᠠ᠃ ᠬᠠᠪᠤᠷ ᠤ᠋ᠨ ᠬᠠᠭᠤᠷᠠᠢ ᠡᠪᠡᠰᠦ ᠰᠢᠷᠠᠯᠵᠢ ᠬᠡᠮᠡᠭᠴᠢ ᠭᠠᠯ ᠢ᠋ ᠦᠵᠡᠵᠦ ᠦᠯᠦ ᠴᠢᠳᠠᠬᠤ ᠶ᠋ᠢᠨ ᠳᠡᠭᠡᠷ᠎ᠡ ᠪᠠᠰᠠ ᠶᠡᠬᠡ ᠰᠠᠯᠬᠢᠨ᠎ᠠ ᠲᠣᠬᠢᠶᠠᠯᠳᠤᠵᠤ᠂ ᠨᠢᠳᠦᠨ ᠴᠠᠪᠴᠢᠬᠤ ᠶ᠋ᠢᠨ ᠬᠣᠭᠣᠷᠣᠨᠳᠣ ᠴᠥᠮ ᠲᠦᠢᠮᠡᠷ ᠰᠢᠳᠡᠵᠦ᠂ ᠨᠡᠩ ᠡᠨᠡ ᠭᠠᠯ ᠮᠣᠷᠢᠨ ᠠ᠋ᠴᠠ ᠤᠷᠢᠳ ᠬᠡᠳᠦᠢᠨᠡᠢ ᠴᠥᠮ ᠳᠣᠪᠲᠣᠯᠤᠨ ᠲᠠᠯ᠎ᠠ ᠳ᠋ᠤᠷ ᠬᠦᠷᠦᠭᠰᠡᠨ ᠲᠤᠯᠠ ᠬᠡᠷᠡᠢᠳ ᠦ᠋ᠨ ᠴᠡᠷᠢᠭ ᠨᠡᠢᠲᠡ ᠪᠡᠷ ᠨᠣᠴᠣᠬᠤ ᠭᠠᠯ ᠤ᠋ᠨ ᠳᠤᠮᠳᠠ ᠣᠷᠣᠵᠤ᠂ ᠪᠸᠲ᠋ᠠ᠋ ᠶ᠋ᠢᠨ ᠴᠡᠷᠢᠭ ᠭᠠᠯ ᠤ᠋ᠨ ᠦᠨᠡᠰᠦᠨ ᠦ᠌ ᠬᠣᠢᠨ᠎ᠠ ᠠ᠋ᠴᠠ ᠠᠯᠠᠵᠤ ᠶᠠᠪᠤᠬᠤ ᠠᠨᠤ ᠠᠷᠭᠠᠯ ᠲᠡᠭᠦᠬᠦ ᠮᠡᠲᠦ ᠳ᠋ᠦ᠍ᠷ ᠸᠠᠩ ᠬᠠᠭᠠᠨ ᠤ᠋ ᠴᠠᠭᠠᠨ ᠪᠤᠭᠤᠷᠤᠯ ᠰᠠᠬᠠᠯ ᠦᠰᠦ ᠢᠨᠣ ᠴᠥᠮ ᠰᠢᠷᠬᠠᠲᠤᠵᠤ ᠰᠢᠪ ᠰᠢᠷ᠎ᠠ ᠪᠣᠯᠤᠨ᠂ ᠪᠡᠶ᠎ᠡ ᠪᠠᠰᠠ ᠴᠢᠷᠠᠮ᠎ᠠ ᠨᠢᠴᠦᠭᠦᠨ ᠪᠣᠯᠤᠭᠰᠠᠨ ᠢ᠋ᠶ᠋ᠠᠷ ᠰᠢᠭᠤᠳ ᠨᠢᠭᠡᠨ ᠬᠥᠭᠰᠢᠨ ᠰᠠᠷᠮᠠᠭᠴᠢᠨ ᠪᠣᠯᠵᠤ᠂ ᠬᠥᠮᠥᠰᠬᠡ ᠪᠡᠨ ᠬᠤᠢᠬᠠᠯᠠᠭᠳᠠᠨ ᠰᠢᠷᠠᠮᠠᠳᠠᠵᠣ᠂ ᠬᠣᠶᠠᠷ ᠨᠢᠳᠦ ᠬᠢᠯᠠᠩ ᠭᠠᠯᠠᠩ ᠬᠢᠵᠦ᠂ ᠮᠣᠷᠢ ᠪᠠᠰᠠ ᠳᠡᠯ ᠰᠡᠭᠦᠯ ᠴᠥᠮ ᠰᠢᠲᠠᠭᠰᠠᠨ ᠢ᠋ᠶ᠋ᠠᠷ ᠦᠨᠡᠬᠡᠷ ᠬᠥᠭᠰᠢᠨ ᠪᠡᠴᠢᠨ ᠬᠣᠨᠢ ᠬᠥᠯᠭᠡᠯᠡᠵᠦ᠂ ᠬᠣᠢᠨ᠎ᠠ ᠠ᠋ᠴᠠ ᠪᠠᠰᠠ ᠭᠦᠷᠡᠯᠵᠡᠭᠡᠨ᠎ᠡ  ᠵᠢᠶᠦ᠋ᠨ ᠱᠢ ᠠᠨᠤ ᠪᠠᠰᠠ ᠨᠢᠭᠡᠨ ᠡᠴᠡᠩᠬᠡᠷ ᠰᠠᠷᠮᠠᠭᠴᠢᠨ ᠪᠣᠯᠵᠤ ᠣᠪᠣᠩ ᠣᠪᠣᠩ ᠰᠡᠭ ᠰᠡᠭ ᠳᠠᠭᠠᠯᠳᠤᠵᠤ᠂ ᠬᠡᠷᠡᠢᠳ ᠦ᠋ᠨ ᠴᠡᠷᠢᠭ ᠠᠮᠢ ᠪᠠᠨ ᠠᠳᠬᠤᠵᠤ ᠳᠤᠲᠠᠭᠠᠬᠤ ᠪᠥᠭᠡᠳ ᠡᠨᠡ ᠪᠠᠢᠳᠠᠯ ᠳ᠋ᠤᠷ ᠪᠠᠰᠠ ᠲᠡᠰᠴᠦ ᠴᠢᠳᠠᠬᠤ ᠦᠭᠡᠢ ᠠᠮᠠᠨ ᠬᠠᠪᠠᠷ ᠢ᠋ᠶ᠋ᠠᠨ ᠪᠥᠭᠯᠡᠯᠴᠡᠨ ᠢᠨᠢᠶᠡᠯᠴᠡᠵᠦ ᠳᠤᠲᠠᠭᠠᠭᠰᠠᠭᠠᠷ ᠰᠠᠶᠢ ᠲᠠᠯ᠎ᠠ ᠳ᠋ᠤᠷ ᠪᠠᠭᠤᠲᠠᠯ᠎ᠠ ᠠᠭᠤᠯᠠᠨ ᠤ᠋ ᠬᠣᠶᠠᠷ ᠰᠤᠵᠠᠭ᠎ᠠ ᠠ᠋ᠴᠠ ᠪᠡᠯᠭᠦᠳᠡᠢ᠂ ᠬᠠᠰᠠᠷ ᠤ᠋ᠨ ᠬᠣᠶᠠᠷ ᠠᠩᠭᠢ ᠴᠡᠷᠢᠭ ᠬᠠᠪᠴᠢᠨ ᠠᠯᠠᠵᠤ ᠢᠷᠡᠭᠰᠡᠨ ᠳ᠋ᠦ᠍ᠷ ᠸᠠᠩ ᠬᠠᠭᠠᠨ ᠤ᠋ ᠴᠡᠷᠢᠭ ᠭᠤᠷᠪᠠᠨ ᠡᠲᠡᠭᠡᠳ ᠴᠡᠷᠢᠭ ᠲᠦ᠍ᠷ ᠬᠠᠭᠠᠭᠳᠠᠵᠤ᠂ ᠲᠠᠢᠽᠦ ᠶ᠋ᠢᠨ ᠴᠡᠷᠢᠭ ᠵᠡᠯᠮ᠎ᠡ ᠲᠡᠷᠢᠭᠦᠯᠡᠨ ᠬᠣᠢᠨ᠎ᠠ ᠠ᠋ᠴᠠ ᠳᠠᠷᠤᠨ ᠣᠷᠣᠭᠰᠠᠨ ᠳ᠋ᠤᠷ ᠵᠡᠭᠦᠨ ᠬᠣᠢᠲᠤ ᠵᠦᠭ ᠢ᠋ ᠵᠦᠭᠯᠡᠵᠦ ᠲᠡᠷᠢᠭᠦᠨ ᠡᠷᠭᠢᠯ ᠦᠭᠡᠢ ᠪᠤᠷᠤᠭᠤᠯᠠᠨ ᠡᠴᠢᠪᠡ᠃ ᠡᠨᠡ ᠨᠢᠭᠡᠨ ᠦᠢᠮᠡᠭᠡᠨ ᠳ᠋ᠦ᠍ᠷ ᠬᠡᠷᠡᠢᠳ ᠦ᠋ᠨ ᠴᠡᠷᠢᠭ ᠨᠢᠭᠡᠨᠲᠡ ᠰᠠᠯᠪᠠᠷᠠᠵᠤ᠂ ᠭᠠᠵᠠᠷ ᠤ᠋ᠨ ᠪᠠᠢᠳᠠᠯ ᠢ᠋ ᠪᠠᠰᠠ ᠮᠡᠳᠡᠬᠦ ᠦᠭᠡᠢ ᠲᠤᠯᠠ ᠭᠣᠣ ᠵᠡᠪᠡ ᠳ᠋ᠦ᠍ᠷ ᠬᠥᠮᠦᠨ ᠮᠣᠷᠢ ᠲᠠᠢ ᠥᠩᠬᠥᠷᠢᠨ ᠤᠨᠠᠭᠰᠠᠭᠠᠷ ᠳᠦᠭᠦᠷᠴᠦ ᠶᠡᠬᠡᠯ᠎ᠡ ᠰᠠᠮᠠᠭᠤᠷᠠᠵᠤ ᠰᠠᠮᠪᠠᠢ ①ᠡᠷᠭᠦᠪᠡᠢ ᠃   

– – – –
① ᠰᠠᠮᠪᠠᠢ ᠬᠡᠮᠡᠭᠴᠢ ᠭᠠᠯ ᠢ᠋ᠶ᠋ᠠᠨ ᠲᠠᠬᠢᠬᠤᠢ ᠳ᠋ᠤᠷ ᠰᠠᠮᠪᠠᠢ ᠪᠤᠳᠠᠭ᠎ᠠ ᠬᠡᠮᠡᠵᠦ ᠂ ᠰᠢᠨ᠎ᠡ ᠪᠡᠷᠢ ᠠᠪᠤᠪᠠᠰᠤ ᠲᠡᠷᠡ ᠰᠠᠮᠪᠠᠢ ᠪᠤᠳᠠᠭ᠎ᠠ ᠪᠠᠨ ᠪᠠᠷᠢᠭᠤᠯᠵᠤ ᠃ ᠭᠣᠯᠣᠮᠲᠠ ᠪᠠᠨ ᠲᠣᠭᠣᠷᠢᠭᠤᠯᠵᠤ ᠡᠷᠭᠢᠭᠦᠯᠬᠦᠢ ᠳ᠋ᠦ᠍ᠷ ᠮᠠᠰᠢ ᠰᠠᠮᠠᠭᠤᠷᠠᠳᠠᠭ ᠠᠵᠤᠭᠤ ᠂ ᠲᠡᠷᠡ ᠬᠦ᠌ ᠦᠢᠮᠡᠭᠡᠨ ᠲᠦᠢᠮᠡᠭᠡᠨ ᠢ᠋ ᠦᠵᠡᠪᠡᠰᠦ ᠰᠠᠮᠪᠠᠢ ᠡᠷᠭᠢᠭᠦᠯᠦᠭᠰᠡᠨ ᠮᠡᠲᠦ ᠶᠡᠷᠦ ᠶ᠋ᠢᠨ ᠦᠭᠡ ᠠᠵᠤᠭᠤ ᠃  
  
       ᠲᠡᠭᠦᠨᠴᠡ ᠸᠠᠩ ᠬᠠᠭᠠᠨ ᠬᠠᠷᠠᠬᠠᠨ ᠳᠤᠲᠠᠭᠠᠵᠤ ᠶᠠᠪᠤᠬᠤᠶ᠎ᠠ᠂ ᠡᠯᠡᠰᠦᠨ ᠦ᠌ ᠵᠠᠩᠭᠤᠤ ᠶ᠋ᠢᠨ ᠳᠣᠲᠣᠷ᠎ᠠ ᠪᠠᠰᠠ ᠤᠯᠠᠭᠠᠨ ᠮᠠᠩᠬ᠎ᠠ ᠠ᠋ᠴᠠ ᠥᠨᠳᠥᠷ ᠰᠡᠴᠡᠨ᠂ ᠦᠯᠬᠦ ᠶ᠋ᠢᠨ ᠵᠦᠨᠲᠠᠢ ᠶ᠋ᠢᠨ ᠴᠡᠷᠢᠭ ᠭᠡᠨᠡᠳᠲᠡ ᠪᠣᠰᠴᠤ ᠬᠠᠰᠬᠢᠷᠤᠨ ᠣᠷᠣᠪᠠ᠃ ᠣᠯᠠᠨ ᠴᠡᠷᠢᠭ ᠶᠡᠬᠡᠯ᠎ᠡ ᠠᠶᠤᠵᠤ᠂ ᠵᠠᠷᠢᠮ ᠠᠨᠤ ᠶᠠᠪᠠᠭᠠᠨ ᠢ᠋ᠶ᠋ᠠᠷ ᠳᠤᠲᠠᠭᠠᠵᠤ᠂ ᠬᠡᠷᠡᠢᠳ ᠦ᠋ᠨ ᠶᠡᠬᠡ ᠴᠡᠷᠢᠭ ᠠᠯᠠᠩ ᠰᠠᠯᠠᠩ ᠢ᠋ᠶ᠋ᠠᠷ ᠳᠥᠷᠪᠡᠨ ᠵᠦᠭ ᠲᠦ᠍ᠷ ᠰᠠᠷᠨᠢᠪᠠ᠃ ᠲᠡᠳᠦᠢ ᠵᠡᠯᠮ᠎ᠡ᠂ ᠥᠨᠳᠥᠷ ᠰᠡᠴᠡᠨ᠂ ᠦᠯᠬᠦ ᠶ᠋ᠢᠨ ᠵᠦᠨᠲᠡᠢ ᠬᠣᠶᠠᠭᠤᠯᠠ ᠶ᠋ᠢᠨ ᠴᠡᠷᠢᠭ ᠢ᠋ ᠠᠪᠴᠤ ᠸᠠᠩ ᠬᠠᠭᠠᠨ ᠢ᠋ ᠨᠢᠰᠬᠦ ᠮᠡᠲᠦ ᠨᠡᠬᠡᠵᠦ ᠡᠴᠢᠪᠡ᠃ ᠳᠠᠭᠠᠯᠳᠤᠭ᠎ᠠ ᠪᠡᠯᠭᠦᠳᠡᠢ᠂ ᠬᠠᠰᠠᠷ ᠬᠣᠶᠠᠭᠤᠯᠠ ᠶ᠋ᠢᠨ ᠴᠡᠷᠢᠭ ᠪᠠᠰᠠ ᠭᠦᠢᠴᠡᠨ ᠢᠷᠡᠭᠰᠡᠨ ᠳ᠋ᠦ᠍ᠷ ᠬᠡᠷᠡᠢᠳ ᠦ᠋ᠨ ᠴᠡᠷᠢᠭ ᠶᠢᠰᠦᠨ ᠰᠦᠨᠡᠰᠦ ᠵᠠᠪᠬᠠᠷᠠᠵᠤ᠂ ᠮᠣᠷᠢ ᠣᠷᠣᠯᠳᠣᠬᠤ ᠮᠡᠲᠦ ᠳᠤᠲᠠᠭᠠᠨ ᠡᠴᠢᠬᠦ ᠢᠨᠣ ᠰᠠᠯᠬᠢᠨ ᠭᠠᠯ ᠠ᠋ᠴᠠ ᠲᠦᠷᠭᠡᠨ ᠳ᠋ᠦ᠍ᠷ ᠵᠡᠯᠮ᠎ᠡ ᠤᠷᠤᠭᠰᠢ ᠴᠣᠬᠢᠨ ᠣᠷᠣᠰᠤᠭᠠᠢ ᠭᠡᠮᠡᠨ ᠱᠠᠭᠠᠷᠳᠠᠪᠠᠰᠤ᠂ ᠦᠯᠬᠦ ᠶ᠋ᠢᠨ ᠵᠦᠨᠲᠡᠢ ᠡᠭᠡᠨᠡᠭᠲᠡ ᠬᠡᠷᠡᠢᠳ ᠦ᠋ᠨ ᠴᠡᠷᠢᠭ ᠢ᠋ ᠣᠯᠠᠨ ᠭᠡᠮᠡᠨ ᠪᠣᠳᠣᠭᠰᠠᠨ ᠲᠤᠯᠠ ᠬᠣᠢᠰᠢ ᠴᠠᠪᠬᠤᠭᠤᠷᠠᠨ ᠶᠠᠳᠠᠵᠤ ᠦᠬᠦᠪᠡᠴᠦ ᠤᠷᠤᠭᠰᠢᠯᠠᠬᠤ ᠦᠭᠡᠢ ᠳ᠋ᠦ᠍ᠷ ᠥᠨᠳᠥᠷ ᠰᠡᠴᠡᠨ ᠶᠡᠬᠡᠯ᠎ᠡ ᠲᠠᠴᠢᠶᠠᠳᠠᠵᠤ ᠤᠷᠤᠭᠰᠢᠯᠠᠨ ᠡᠴᠢᠬᠦ ᠪᠥᠭᠡᠳ ᠪᠡᠶ᠎ᠡ ᠡᠭᠡᠵᠦ ᠦᠯᠬᠦ ᠶ᠋ᠢᠨ ᠵᠦᠨᠳᠡᠢ ᠶ᠋ᠢ ᠵᠢᠭᠠᠵᠤ ᠥᠭᠦᠯᠡᠷᠦᠨ : 《ᠡᠵᠡᠨ ᠦ᠌ ᠡᠮᠦᠨ᠎ᠡ ᠡᠨᠡ ᠮᠡᠲᠦ ᠬᠦᠴᠦᠨ ᠥᠭᠬᠦ ᠶᠣᠰᠣ ᠪᠠᠢᠳᠠᠭ ᠭᠡᠵᠢ ᠦᠦ ?  ᠴᠢᠮᠡᠳ ᠠᠢᠮᠠᠭ ᠤ᠋ᠨ ᠦᠯᠬᠦ ᠰᠠᠢᠳ᠂ ᠴᠢᠮᠠᠢ ᠲᠠᠯᠠᠭᠠᠷ ᠡᠷᠭᠦᠭᠰᠡᠨ ᠦᠭᠡᠢ ᠦᠦ ? ᠴᠢ ᠴᠢᠮᠡᠳ ᠦ᠋ᠨ ᠪᠣᠭᠣᠯ ᠪᠥᠭᠡᠳ ᠴᠢᠮᠡᠳ ᠦ᠋ᠨ ᠬᠡᠰᠢᠭ ᠢ᠋ᠶ᠋ᠡᠷ ᠬᠥᠮᠦᠨ ᠪᠣᠯᠵᠤ᠂ ᠦᠯᠬᠦ ᠰᠠᠢᠳ ᠠ᠋ᠴᠠ ᠤᠷᠪᠠᠵᠤ᠂ ᠳᠡᠭᠡᠳᠦ ᠶ᠋ᠢ ᠡᠷᠢᠵᠦ ᠡᠨᠡ ᠵᠡᠷᠭᠡ ᠳ᠋ᠦ᠍ᠷ ᠬᠦᠷᠦᠭᠰᠡᠨ ᠪᠥᠭᠡᠳ ᠡᠵᠡᠨ ᠦ᠌ ᠡᠮᠦᠨ᠎ᠡ ᠪᠠᠰᠠ ᠡᠨᠡ ᠮᠡᠲᠦ ᠶᠠᠪᠤᠬᠤ ᠠᠵᠤᠭᠤ ! ᠪᠠᠢᠲᠤᠭᠠᠢ ! 》ᠭᠡᠮᠡᠨ ᠮᠣᠷᠢ ᠪᠠᠨ ᠲᠠᠰᠤ ᠭᠤᠶᠠᠳᠠᠵᠤ ᠬᠠᠮᠤᠭ ᠴᠡᠷᠢᠭ ᠦ᠋ᠨ ᠡᠮᠦᠨ᠎ᠡ ᠭᠠᠷᠴᠤ ᠲᠡᠷᠢᠭᠦᠨ ᠡᠭᠡᠵᠦ ᠥᠭᠦᠯᠡᠷᠦᠨ : 《ᠬᠡᠷᠡᠢᠳ ᠦ᠋ᠨ ᠲᠣᠭᠣᠷᠢᠯ᠂ ᠡᠵᠡᠨ ᠢ᠋ ᠮᠢᠨᠦ ᠳᠣᠯᠣᠭᠠᠨ ᠵᠡᠷᠭᠡ ᠦᠲᠡᠭᠡᠷᠪᠡ᠃ ᠪᠢ ᠡᠷᠬᠡᠪᠰᠢ ᠡᠨᠡ ᠵᠢᠷᠤᠮ ᠦᠭᠡᠢ ᠪᠣᠭᠣᠯ ᠢ᠋ ᠨᠢᠭᠡᠨᠲᠡ ᠵᠢᠳᠠᠯᠠᠵᠤ ᠬᠣᠷᠣᠰᠤᠯ ᠢ᠋ ᠭᠠᠷᠭᠠᠰᠤᠭᠠᠢ᠂ ᠬᠡᠳᠦᠢ ᠲᠡᠢᠨ ᠪᠣᠯᠪᠠᠴᠤ ᠣᠯᠠᠨ ᠳᠡᠭᠡᠳᠦ ᠲᠦᠰᠢᠮᠡᠳ ᠪᠠ ᠠᠳᠠᠯᠢ ᠠᠬ᠎ᠠ ᠳᠡᠭᠦᠦ ᠪᠡᠷ ᠮᠢᠨᠦ ᠬᠣᠢᠨ᠎ᠠ ᠠ᠋ᠴᠠ ᠰᠠᠢᠲᠤᠷ ᠬᠠᠰᠬᠢᠷᠤᠨ ᠣᠷᠣᠵᠤ᠂ ᠪᠢ ᠲᠤᠭᠤᠷᠢᠯ ᠢ᠋ ᠱᠠᠭᠠᠷᠳᠠᠭᠤᠯᠬᠤ ᠶ᠋ᠢ ᠮᠡᠳᠡᠶ᠎ᠡ᠂ ᠲᠠ ᠲᠡᠭᠦᠨ ᠢ᠋ ᠪᠠᠷᠢᠬᠤ ᠶ᠋ᠢ ᠮᠡᠳᠡ᠂ ᠪᠢ ᠪᠡᠶ᠎ᠡ ᠪᠡᠨ ᠠᠪᠤᠷᠠᠬᠤ ᠶ᠋ᠢ ᠲᠤᠯᠠ ᠪᠤᠰᠤ᠂ ᠭᠠᠭᠴᠠ ᠶᠡᠬᠡ ᠦᠢᠯᠡ ᠶ᠋ᠢ ᠪᠦᠲᠦᠭᠡᠬᠦᠢ ᠶ᠋ᠢᠨ ᠲᠤᠯᠠ ᠪᠣᠯᠠᠢ ! ᠦᠯᠢᠳᠬᠡᠪᠡᠰᠦ ᠮᠢᠨᠦ ᠪᠡᠶ᠎ᠡ ᠬᠡᠮᠡᠭᠴᠢ ᠮᠣᠳᠣᠴᠢ ᠶ᠋ᠢᠨ ᠮᠣᠳᠣ ᠴᠣᠭᠣᠯᠬᠤ ᠴᠦᠴᠡ ᠪᠤᠶᠤ᠃ ᠦᠯᠬᠦ ᠶ᠋ᠢᠨ ᠵᠦᠨᠲᠡᠢ ᠠᠬᠠᠢ ᠬᠡᠮᠡᠭᠴᠢ ᠴᠦᠴᠡ ᠶ᠋ᠢ ᠳᠡᠯᠡᠳᠬᠦ ᠰᠦᠬᠡ ᠮᠡᠲᠦ ᠪᠤᠶᠤ᠂ ᠴᠦᠴᠡ ᠶ᠋ᠢᠨ ᠢᠷ ᠬᠡᠳᠦᠢ ᠬᠤᠷᠴᠠ ᠪᠣᠯᠪᠠᠴᠤ ᠲᠠᠯᠡᠲᠤᠯ ᠥᠭᠡᠶ᠎ᠡ ᠦᠯᠦ ᠳᠠᠭᠠᠮᠤᠢ᠂ ᠪᠢ ᠬᠡᠳᠦᠢ ᠤᠷᠤᠭᠰᠢ ᠣᠷᠣᠪᠠᠴᠤ ᠮᠢᠨᠦ ᠪᠠᠭ ᠤ᠋ᠨ ᠴᠡᠷᠢᠭ ᠰᠢᠷᠭᠤᠨ ᠡᠰᠡ ᠣᠷᠣᠪᠠᠰᠤ ᠬᠡᠷᠡᠭ ᠪᠦᠲᠦᠬᠦᠶ᠎ᠡ ᠪᠡᠷᠬᠡ !》 ᠬᠡᠮᠡᠵᠦ ᠣᠯᠣᠩ ᠴᠠᠪᠢᠯᠤᠤᠷ ᠢ᠋ᠶ᠋ᠡᠨ ᠴᠢᠩᠭᠠᠳᠬᠠᠵᠤ᠂ ᠣᠯᠠᠨ ᠴᠡᠷᠢᠭ ᠦ᠋ᠨ ᠵᠦᠭ ᠥᠭᠦᠯᠡᠷᠦᠨ : 《ᠪᠢ ᠣᠷᠣᠭᠠᠳ ᠲᠤᠭᠤᠷᠢᠯ ᠢ᠋ ᠰᠢᠪᠲᠤᠯᠤᠨ ᠣᠷᠣᠵᠤ ᠵᠢᠳᠠᠯᠠᠵᠤ ᠤᠨᠠᠭᠠᠶ᠎ᠠ᠂ ᠲᠠ ᠪᠠᠷᠢᠵᠤ ᠠᠪᠬᠤ ᠪᠠᠨ ᠬᠢᠴᠢᠶᠡ᠂ ᠪᠢ ᠬᠡᠷᠪᠡ ᠦᠬᠦᠪᠡᠰᠦ᠂ ᠮᠢᠨᠦ ᠨᠢᠭᠡᠨ ᠬᠡᠪᠡᠯᠢ ᠡᠴᠡ ᠬᠠᠮᠲᠤ ᠲᠥᠷᠥᠭᠰᠡᠨ ᠰᠢᠷ᠎ᠠ ᠲᠣᠯᠣᠭᠠᠢᠲᠤ ᠭᠤᠷᠪᠠᠨ ᠬᠥᠪᠡᠭᠦᠨ ᠪᠣᠢ᠂ ᠲᠡᠭᠦᠨ ᠢ᠋ ᠡᠵᠡᠨ ᠦ᠌ ᠮᠢᠨᠦ ᠬᠥᠲᠥᠴᠢ ᠪᠣᠯᠭ᠎ᠠ ! 》 ᠬᠡᠮᠡᠭᠡᠳ ᠰᠢᠳᠦ ᠪᠡᠨ ᠵᠠᠭᠤᠵᠤ ᠬᠤᠶᠠᠭ ᠢ᠋ᠶ᠋ᠠᠨ ᠲᠠᠢᠯᠤᠨ ᠴᠣᠬᠢᠭᠠᠳ ᠶ᠋ᠢᠳᠡ ᠪᠡᠨ ᠠᠪᠴᠤ ᠲᠡᠷᠢᠭᠦᠨ ᠡᠷᠭᠢᠰᠢ ᠦᠭᠡᠢ ᠨᠢᠭᠡᠨᠲᠡ ᠬᠠᠰᠬᠢᠷᠤᠨ ᠡᠮᠡᠭᠡᠯ ᠦ᠋ᠨ ᠪᠦᠭᠦᠷᠭᠡ ᠳ᠋ᠦ᠍ᠷ ᠢ᠋ᠶ᠋ᠡᠨ ᠬᠡᠪᠲᠡᠵᠦ ᠱᠤᠩᠭᠤᠨ ᠳᠣᠪᠲᠣᠯᠵᠤ ᠣᠷᠣᠪᠠ᠃ ᠡᠨᠡ ᠦᠶ᠎ᠡ ᠳ᠋ᠦ᠍ᠷ ᠵᠡᠭᠦᠨ ᠡᠲᠡᠭᠡᠳ ᠬᠥᠭᠡᠭᠡᠴᠡᠯᠳᠦᠵᠦ᠂ ᠬᠡᠷᠡᠢᠳ ᠦ᠋ᠨ ᠨᠥᠬᠥᠭᠡ ᠳᠥᠷᠪᠡᠨ ᠡᠲᠡᠭᠡᠳ ᠦ᠋ᠨ ᠳᠠᠷᠤᠭᠳᠠᠭᠰᠠᠨ ᠴᠡᠷᠢᠭ ᠴᠥᠮ ᠬᠦᠷᠴᠦ ᠢᠷᠡᠭᠡᠳ ᠬᠠᠮᠲᠤ ᠳᠣᠪᠲᠣᠯᠬᠤᠶ᠎ᠠ᠂ ᠥᠨᠳᠥᠷ ᠰᠡᠴᠡᠨ ᠨᠢᠳᠦ ᠬᠠᠷᠠᠯᠠᠵᠤ ᠬᠣᠢᠰᠢ ᠬᠠᠨᠳᠤᠯ ᠦᠭᠡᠢ᠂ ᠨᠢᠭᠡᠨᠲᠡ ᠨᠢᠳᠦ ᠪᠡᠨ ᠠᠨᠢᠨ ᠬᠡᠷᠡᠢᠳ ᠦ᠋ᠨ ᠠᠷᠪᠠᠨ ᠲᠦᠮᠡᠨ ᠴᠡᠷᠢᠭ ᠲᠦ᠍ᠷ ᠠᠯᠠᠨ ᠣᠷᠣᠵᠤ ᠡᠴᠢᠪᠡ᠃ ᠡᠭᠦᠨ ᠳ᠋ᠦ᠍ᠷ ᠥᠨᠳᠥᠷ ᠰᠡᠴᠡᠨ ᠦ᠌ ᠰᠢᠳᠠᠷ ᠴᠡᠷᠢᠭ ᠪᠦᠭᠦᠳᠡᠭᠡᠷ ᠦᠬᠦᠨ ᠰᠢᠭᠦᠷᠡᠨ ᠡᠵᠡᠨ ᠢ᠋ᠶ᠋ᠡᠨ ᠳᠠᠭᠠᠵᠤ ᠦᠢᠮᠡᠯᠳᠦᠵᠦ ᠣᠷᠣᠬᠤᠶ᠎ᠠ᠂ ᠪᠡᠯᠭᠦᠳᠡᠢ᠂ ᠬᠠᠰᠠᠷ᠂ ᠵᠠᠯᠮ᠎ᠠ ᠨᠠᠷ ᠲᠡᠭᠦᠨ ᠦ᠌ ᠴᠡᠷᠢᠭ ᠡᠴᠡ ᠡᠳᠡᠭᠡᠷ ᠢ᠋ ᠰᠣᠨᠣᠰᠴᠤ ᠶᠡᠬᠡᠯ᠎ᠡ ᠶᠠᠭᠠᠷᠠᠨ ᠬᠣᠢᠨ᠎ᠠ ᠬᠣᠢᠨ᠎ᠠ ᠠ᠋ᠴᠠ ᠪᠠᠨ ᠳᠣᠪᠲᠣᠯᠤᠯᠴᠠᠨ ᠣᠷᠣᠵᠤ ᠡᠴᠢᠪᠡᠢ᠃ ᠡᠨᠡ ᠦᠶ᠎ᠡ ᠳ᠋ᠦ᠍ᠷ ᠰᠠᠯᠬᠢᠨ ᠵᠣᠭᠰᠣᠵᠤ ᠨᠢᠭᠡᠨ ᠵᠡᠷᠭᠡ ᠳᠠᠭᠠᠷᠢᠯᠭ᠎ᠠ ᠶ᠋ᠢᠨ ᠬᠤᠷ᠎ᠠ ᠱᠠᠭᠢᠨ ᠥᠩᠭᠡᠷᠡᠪᠡ᠃ ᠨᠠᠷᠠᠨ ᠪᠠᠰᠠ ᠮᠠᠨᠳᠤᠨ ᠭᠠᠷᠤᠭᠰᠠᠨ ᠲᠤᠯᠠ  ᠬᠡᠷᠡᠢᠳ ᠦ᠋ᠨ ᠴᠡᠷᠢᠭ ᠰᠠᠶᠢ ᠭᠠᠯᠵᠠᠭᠤ ᠮᠦᠷᠡᠨ᠎ᠡ ᠳᠣᠪᠲᠣᠯᠤᠨ ᠬᠠᠭᠠᠰ ᠣᠷᠣᠲᠠᠯ᠎ᠠ ᠳᠡᠭᠡᠷ᠎ᠡ ᠡᠴᠡ ᠶᠡᠬᠡ ᠦᠶᠡᠷ ᠲᠠᠪᠤᠨ ᠲᠣᠬᠣᠢ ᠥᠨᠳᠥᠷ ᠡᠷᠭᠢᠯᠳᠦᠵᠦ ᠪᠠᠭᠤᠨ ᠢᠷᠡᠭᠡᠳ ᠣᠯᠠᠨ ᠴᠡᠷᠢᠭ ᠶᠡᠬᠡᠯ᠎ᠡ ᠠᠪᠲᠠᠭᠰᠠᠨ᠎ᠠ᠂ ᠸᠠᠩ ᠬᠠᠭᠠᠨ ᠤᠰᠤᠨ ᠳ᠋ᠤᠷ ᠬᠣᠷᠢᠭᠳᠠᠵᠤ᠂ ᠬᠣᠢᠨ᠎ᠠ ᠠ᠋ᠴᠠ ᠪᠠᠰᠠ ᠥᠨᠳᠥᠷ ᠰᠡᠴᠡᠨ ᠦ᠌ ᠨᠡᠬᠡᠬᠦ ᠢᠨᠦ ᠴᠠᠬᠢᠯᠭᠠᠨ ᠮᠡᠲᠦ ᠳ᠋ᠦ᠍ᠷ ᠳᠠᠷᠤᠢ ᠤᠰᠤ ᠤᠷᠤᠭᠤᠳᠠᠨ ᠳᠤᠲᠠᠭᠠᠪᠠ᠃ ᠢᠯᠠᠭᠤ᠂ ᠵᠠᠮᠤᠬ᠎ᠠ ᠶ᠋ᠢᠨ ᠴᠡᠷᠢᠭ ᠣᠯᠣᠮ ᠢ᠋ ᠥᠭᠡᠳᠡᠯᠡᠵᠦ ᠳᠤᠲᠠᠭᠠᠪᠠ᠃ ᠡᠨᠡ ᠬᠢᠷᠢ ᠳ᠋ᠦ᠍ᠷ ᠠᠯᠤᠬ᠎ᠠ᠂ ᠰᠦᠬᠡ ᠬᠣᠶᠠᠭᠤᠯᠠ ᠪᠠ ᠰᠥᠪᠡᠭᠡᠲᠡᠢ᠂ ᠵᠦᠯᠭᠡᠲᠡᠢ ᠶ᠋ᠢᠨ ᠴᠡᠷᠢᠭ ᠥᠴᠥᠭᠡᠳᠦᠷ ᠰᠥᠨᠢ ᠪᠡᠷ ᠮᠥᠷᠡᠨ ᠢ᠋ ᠭᠡᠲᠦᠯᠵᠦ᠂ ᠭᠡᠭᠡᠷᠡᠬᠦ ᠶ᠋ᠢᠨ ᠦᠶ᠎ᠡ ᠳ᠋ᠦ᠍ᠷ ᠨᠢᠭᠡᠨᠲᠡ ᠬᠠᠰᠬᠢᠷᠤᠮᠠᠭᠴᠠ ᠬᠡᠷᠡᠢᠳ ᠦ᠋ᠨ ᠴᠡᠷᠢᠭ ᠦ᠋ᠨ ᠬᠦᠷᠢᠶ᠎ᠡ ᠶ᠋ᠢ ᠬᠡᠳᠦᠢᠨᠡᠢ ᠠᠪᠴᠤᠬᠤᠢ᠃ ᠦᠳᠡ ᠶ᠋ᠢᠨ ᠬᠢᠷᠢ ᠳ᠋ᠦ᠍ᠷ ᠲᠠᠢᠽᠦ ᠶ᠋ᠢᠨ ᠶᠡᠬᠡ ᠴᠡᠷᠢᠭ ᠪᠠᠰᠠ ᠭᠠᠯᠵᠠᠭᠤ ᠮᠥᠷᠡᠨ ᠦ᠌ ᠬᠥᠪᠡᠭᠡ ᠳ᠋ᠦ᠍ᠷ ᠬᠦᠷᠴᠦ ᠢᠷᠡᠭᠡᠳ ᠪᠠᠭᠤᠳᠠᠯᠯᠠᠵᠤ᠂ ᠥᠭᠡᠳᠡ ᠤᠷᠤᠭᠤ ᠬᠣᠶᠠᠷ ᠲᠡᠰᠢ ᠴᠡᠷᠢᠭ ᠬᠤᠪᠢᠶᠠᠨ ᠶᠠᠪᠤᠭᠤᠯᠪᠠ᠃ ᠡᠨᠡ ᠦᠶ᠎ᠡ ᠳ᠋ᠦ᠍ᠷ ᠥᠨᠳᠥᠷ ᠰᠡᠴᠡᠨ ᠭᠠᠪ ᠭᠠᠭᠴᠠᠭᠠᠷ ᠬᠡᠷᠡᠢᠳ ᠦ᠋ᠨ ᠴᠡᠷᠢᠭ ᠲᠦ᠍ᠷ ᠰᠢᠪᠲᠤᠯᠤᠨ ᠣᠷᠣᠵᠤ᠂ ᠵᠠᠷ ᠵᠡᠪᠰᠡᠭ ᠦ᠋ᠨ ᠳᠣᠣᠭᠤᠷ ᠰᠢᠷᠭᠤᠯᠠᠨ ᠾᠧ ᠸᠠᠩ ᠢ᠋ ᠨᠡᠬᠡᠨ ᠭᠦᠢᠴᠡᠭᠡᠳ ᠬᠣᠢᠨ᠎ᠠ ᠠ᠋ᠴᠠ ᠨᠢᠭᠡᠨᠲᠡ ᠵᠢᠳᠠᠯᠠᠵᠤ᠂ ᠪᠠᠷᠠᠭᠤᠨ ᠰᠡᠭᠦᠵᠢᠨ ᠦ᠌ ᠵᠤᠵᠠᠭᠠᠨ ᠮᠢᠬ᠎ᠠ ᠶ᠋ᠢ ᠰᠡᠳᠡ ᠵᠢᠳᠠᠯᠠᠵᠤ ᠤᠨᠠᠭᠠᠲᠠᠯ᠎ᠠ ᠭᠦᠷᠡᠯᠵᠡᠭᠡᠨ᠎ᠡ ᠨᠢᠭᠡᠨᠲᠡ ᠠᠶᠤᠨ ᠪᠠᠷᠬᠢᠷᠠᠭᠰᠠᠨ᠎ᠠ᠂ ᠸᠠᠩ ᠬᠠᠭᠠᠨ ᠤ᠋ ᠰᠢᠳᠠᠷ ᠴᠡᠷᠢᠭ ᠦ᠋ᠳ ᠬᠠᠮᠲᠤ ᠪᠠᠷ ᠭᠠᠷ ᠬᠥᠳᠡᠯᠦᠨ ᠲᠦᠮᠡᠨ ᠢᠯᠳᠦ ᠮᠢᠩᠭᠠᠨ ᠵᠢᠳᠠ ᠥᠨᠳᠥᠷ ᠰᠡᠴᠡᠨ ᠢ᠋ ᠴᠣᠬᠢᠨ ᠮᠣᠷᠢᠨ ᠠ᠋ᠴᠠ ᠤᠨᠠᠭᠠᠲᠠᠯ᠎ᠠ ᠵᠠᠯᠮ᠎ᠠ ᠲᠠᠨ ᠮᠥᠨ ᠭᠦᠢᠴᠡᠨ ᠬᠦᠷᠴᠦ ᠢᠷᠡᠭᠡᠳ ᠥᠨᠳᠥᠷ ᠰᠡᠴᠡᠨ ᠢ᠋ ᠪᠤᠯᠢᠶᠠᠨ ᠠᠪᠤᠪᠠ᠃ ᠬᠡᠷᠡᠢᠳ ᠦ᠋ᠨ ᠴᠡᠷᠢᠭ ᠾᠧ ᠸᠠᠩ ᠢ᠋ ᠲᠡᠳᠬᠦᠨ ᠠᠪᠴᠤ ᠪᠤᠷᠤᠭᠤᠯᠠᠪᠠ᠃ ᠲᠡᠳᠦᠢ ᠨᠠᠷᠠᠨ ᠲᠠᠰᠢᠭᠰᠠᠨ᠎ᠠ᠂ ᠲᠠᠢᠽᠦ ᠶ᠋ᠢᠨ ᠴᠡᠷᠢᠭ ᠳᠠᠷᠠᠭ᠎ᠠ ᠳᠠᠷᠠᠭ᠎ᠠ ᠪᠠᠷ ᠬᠦᠷᠴᠦ ᠢᠷᠡᠲᠡᠯ᠎ᠡ ᠭᠠᠭᠴᠠ ᠥᠨᠳᠥᠷ ᠰᠡᠴᠡᠨ ᠵᠠᠯᠮ᠎ᠠ ᠲᠠᠨ ᠢᠷᠡᠬᠦ ᠦᠭᠡᠶ᠎ᠡ᠂ ᠲᠠᠢᠽᠦ ᠳᠠᠬᠢᠨ ᠡᠷᠢᠭᠦᠯᠦᠷ᠎ᠡ ᠢᠯᠡᠭᠡᠲᠡᠯ᠎ᠡ ᠰᠥᠨᠢ ᠳᠦᠯᠢ ᠳ᠋ᠦ᠍ᠷ ᠪᠡᠯᠭᠦᠳᠡᠢ᠂ ᠬᠠᠰᠠᠷ᠂ ᠵᠠᠯᠮ᠎ᠠ᠂ ᠥᠨᠳᠥᠷ ᠰᠡᠴᠡᠨ ᠢ᠋ ᠲᠡᠪᠡᠷᠢᠵᠦ ᠦᠯᠬᠦ ᠶ᠋ᠢᠨ ᠵᠦᠨᠲᠡᠢ ᠶ᠋ᠢ ᠬᠦᠯᠢᠭᠦᠯᠵᠦ ᠬᠦᠷᠴᠦ ᠢᠷᠡᠪᠡ᠃ ᠲᠠᠢᠽᠦ ᠦᠵᠡᠪᠡᠰᠦ ᠥᠨᠳᠥᠷ ᠰᠡᠴᠡᠨ ᠦ᠌ ᠲᠣᠯᠣᠭᠠᠢ ᠳ᠋ᠤᠷ ᠶ᠋ᠢᠳᠠ ᠶ᠋ᠢᠨ ᠰᠢᠷᠬ᠎ᠠ ᠭᠠᠷᠴᠤᠬᠤᠢ᠃ ᠲᠠᠢᠽᠦ ᠶᠡᠬᠡᠯ᠎ᠡ ᠰᠣᠴᠢᠵᠤ ᠤᠴᠢᠷ ᠢ᠋ ᠠᠰᠠᠭᠤᠭᠰᠠᠨ ᠳ᠋ᠤᠷ ᠵᠠᠯᠮ᠎ᠠ ᠵᠦᠢ ᠵᠦᠢ ᠪᠡᠷ ᠮᠡᠳᠡᠭᠦᠯᠵᠦ᠂ ᠦᠯᠬᠦ ᠶ᠋ᠢᠨ ᠵᠦᠨᠳᠡᠢ ᠶ᠋ᠢ ᠲᠦᠯᠬᠢᠨ ᠭᠠᠷᠭᠠᠭᠰᠠᠨ᠎ᠠ᠂ ᠲᠠᠢᠽᠦ ᠶᠡᠬᠡᠯ᠎ᠡ ᠬᠢᠯᠢᠩᠯᠡᠨ ᠵᠣᠯᠪᠢᠨ ᠮᠠᠭᠤ ᠵᠦᠨᠲᠡᠢ᠂ ᠦᠨᠡᠨᠴᠢ ᠦᠭᠡᠢ ᠪᠣᠭᠣᠯ᠂ ᠴᠢᠮᠡᠳ ᠡᠴᠡ ᠪᠡᠨ ᠴᠡᠩᠬᠡᠷᠯᠡᠭᠰᠡᠨ᠂ ᠡᠵᠡᠨ ᠯᠦ᠍ᠭᠡ ᠪᠡᠨ ᠲᠡᠮᠡᠴᠡᠭᠰᠡᠨ ᠪᠣᠭᠣᠯ ᠢ᠋ ᠲᠥᠷᠭᠡᠨ᠎ᠡ ᠴᠢᠷᠦᠨ ᠭᠠᠷᠭᠠᠵᠤ ᠴᠠᠪᠴᠢᠨ ᠠᠯᠠᠭᠠᠳ ᠣᠯᠠᠨ ᠳ᠋ᠤᠷ ᠦᠵᠡᠭᠦᠯ ! 》 ᠭᠡᠮᠡᠨ ᠴᠢᠬᠢᠨ ᠦ᠌ ᠤᠭ ᠲᠤᠷ ᠴᠠᠭᠠᠵᠠᠨ ᠤ᠋ ᠵᠡᠪᠡ ᠬᠠᠳᠬᠤᠵᠤ᠂ ᠵᠠᠯᠮ᠎ᠠ ᠳ᠋ᠤᠷ ᠲᠤᠰᠢᠶᠠᠨ ᠥᠭᠴᠦ ᠠᠯᠠ ᠭᠡᠮᠡᠨ ᠵᠠᠬᠢᠭᠰᠠᠨ᠎ᠠ᠂ ᠬᠣᠶᠠᠷ ᠡᠲᠡᠭᠡᠳ ᠦ᠋ᠨ ᠢᠯᠳᠦ ᠰᠦᠬᠡ ᠪᠠᠷᠢᠭ᠍ᠰᠠᠨ ᠠᠷᠠᠳ ᠵᠦᠨᠳᠡᠢ ᠶ᠋ᠢ ᠬᠡᠳᠦᠢᠨᠡᠢ ᠲᠦᠯᠬᠢᠨ ᠠᠪᠠᠴᠢᠵᠤ ᠲᠣᠯᠣᠭᠠᠢ ᠶ᠋ᠢ ᠲᠠᠰᠤ ᠴᠠᠪᠴᠢᠨ ᠠᠪᠴᠤ ᠢᠷᠡᠭᠡᠳ ᠡᠷᠭᠦᠨ ᠦᠵᠡᠭᠦᠯᠵᠦ᠂ ᠥᠨᠳᠥᠷ ᠰᠡᠴᠡᠨ ᠢ᠋ ᠦᠷᠦ ᠡᠪᠡᠳᠴᠦ ᠥᠪᠡᠷ ᠦ᠋ᠨ ᠥᠷᠭᠥᠭᠡ ᠭᠡᠷ ᠲᠦ᠍ᠷ ᠬᠡᠪᠲᠡᠭᠦᠯᠵᠦ ᠥᠪᠡᠷ ᠦ᠋ᠨ ᠭᠠᠷ ᠢ᠋ᠶ᠋ᠠᠷ ᠢ᠋ᠶ᠋ᠠᠨ ᠡᠮ ᠤᠤᠭᠤᠯᠭᠠᠵᠤ᠂ ᠰᠢᠷᠬ᠎ᠠ ᠳ᠋ᠤᠷ ᠡᠮ ᠬᠢᠵᠦ ᠰᠤᠪᠢᠯᠠᠬᠤᠶ᠎ᠠ᠂ ᠠᠷᠪᠠᠨ ᠬᠦᠷᠢᠶᠡᠨ ᠦ᠌ ᠴᠡᠷᠢᠭ ᠬᠤᠶᠠᠭ ᠲᠠᠢᠽᠦ ᠶ᠋ᠢᠨ ᠰᠦᠷ ᠬᠡᠰᠢᠭ᠂ ᠱᠠᠩ ᠬᠣᠣᠷ ᠤ᠋ᠨ ᠢᠯᠡᠷᠬᠡᠢ ᠲᠣᠳᠣᠷᠬᠠᠢ ᠪᠠ ᠬᠤᠷᠴᠠ ᠭᠡᠭᠡᠬᠡᠨ ᠢ᠋ ᠶᠡᠬᠡᠯ᠎ᠡ ᠪᠢᠰᠢᠷᠡᠨ ᠢᠭᠲᠦᠯᠵᠦ ᠨᠢᠳᠦᠨ ᠡᠴᠡ ᠪᠡᠨ ᠨᠢᠯᠪᠤᠰᠤᠨ ᠤᠨᠠᠭᠠᠯᠴᠠᠪᠠᠢ᠃ ᠥᠨᠳᠥᠷ ᠰᠡᠴᠡᠨ ᠦ᠌ ᠪᠡᠶ᠎ᠡ ᠶ᠋ᠢ ᠲᠠᠢᠽᠦ ᠪᠡᠶ᠎ᠡ ᠪᠡᠷ ᠰᠤᠪᠢᠯᠠᠨ ᠲᠡᠵᠢᠭᠡᠵᠦ ᠪᠠᠢᠲᠠᠯ᠎ᠠ ᠪᠣᠯᠤᠭᠰᠠᠨ ᠦᠭᠡᠢ ᠪᠡᠶ᠎ᠡ ᠥᠩᠭᠡᠷᠡᠭᠰᠡᠨ ᠳ᠋ᠦ᠍ᠷ ᠲᠠᠢᠽᠦ ᠶᠡᠬᠡᠯ᠎ᠡ ᠭᠠᠰᠢᠭᠤᠳᠠᠨ ᠬᠠᠢᠯᠵᠤ᠂ ᠮᠣᠳᠣᠷ ᠢ᠋ᠶ᠋ᠠᠷ ᠠᠷᠢᠬᠢ ᠰᠠᠴᠤᠵᠤ ᠡᠢᠨ ᠭᠡᠮᠡᠨ ᠥᠴᠢᠷᠦᠨ : 
            ᠡᠴᠢᠭᠡ ᠡᠬᠡ ᠡᠴᠡ ᠲᠥᠷᠥᠭᠰᠡᠨ ᠪᠡᠶ᠎ᠡ ᠪᠡᠨ ᠡᠵᠡᠨ ᠦ᠌ ᠲᠥᠯᠥᠭᠡ ᠭᠡᠭᠡᠪᠡ   
            ᠡᠯᠪᠡᠷᠢᠯ ᠲᠠᠬᠢᠮᠳᠠᠭᠤ ᠶᠣᠰᠣ ᠵᠢᠷᠤᠮ ᠠᠨᠤ ᠪᠡᠶ᠎ᠡ ᠳ᠋ᠦ᠍ᠷ ᠪᠦᠷᠢᠳᠪᠡ᠂ 
            ᠡᠵᠡᠨ ᠪᠣᠯᠤᠭᠰᠠᠨ ᠲᠡᠮᠦᠵᠢᠨ ᠪᠢ ᠡᠯᠢᠭᠡ ᠠᠭᠤᠰᠬᠢ ᠮᠢᠨᠦ ᠡᠪᠡᠷᠰᠢᠶᠡᠪᠡ 
            ᠡᠮ᠎ᠡ ᠦᠷ᠎ᠡ ᠴᠢᠨᠦ ᠡᠭᠦᠷᠢ ᠮᠢᠨᠦ ᠡᠷᠬᠢᠮ ᠲᠦᠰᠢᠮᠡᠯ ᠪᠣᠯᠲᠤᠭᠠᠢ ! 
ᠬᠡᠮᠡᠵᠦ ᠶᠠᠰᠤᠨ ᠢ᠋ ᠠᠨᠤ ᠮᠥᠩᠭᠥᠨ ᠦ᠌ ᠬᠠᠭᠤᠷᠴᠠᠭ ᠲᠤᠷ ᠬᠢᠵᠦ ᠨᠤᠲᠤᠭ ᠲᠤᠷ ᠬᠦᠷᠭᠡᠭᠦᠯᠵᠦ᠂ ᠲᠡᠭᠦᠨ ᠦ᠌ ᠭᠤᠷᠪᠠᠨ ᠬᠥᠪᠡᠭᠦᠨ ᠪᠣᠯᠢᠭ᠍ᠲᠦ ᠪᠠᠷᠰ᠂ ᠰᠢᠯᠢᠭᠲᠦ ᠪᠠᠷᠰ᠂ ᠲᠡᠰᠬᠡᠯ ᠪᠠᠷᠰ ᠭᠤᠷᠪᠠᠭᠤᠯᠠ ᠶ᠋ᠢ ᠴᠥᠮ ᠵᠠᠭᠤᠨ ᠡᠷᠦᠬᠡ ᠶ᠋ᠢᠨ ᠨᠣᠶᠠᠨ ᠡᠷᠭᠦᠮᠵᠢᠯᠡᠵᠦ᠂ ᠮᠢᠩᠭᠠᠨ ᠠᠳᠤᠭᠤ ᠱᠠᠩᠨᠠᠵᠤ᠂ ᠲᠠᠪᠤᠨ ᠪᠠᠷᠰ ᠤ᠋ᠨ ᠵᠠᠩᠵᠤᠨ ᠤ᠋ ᠬᠤᠪᠢ ᠳ᠋ᠤᠷ ᠣᠷᠣᠭᠤᠯᠵᠤ᠂ ᠴᠥᠮ ᠪᠠᠷᠰ ᠤ᠋ᠨ ᠲᠤᠭ᠂ ᠪᠠᠷᠰ ᠤ᠋ᠨ ᠣᠯᠪᠣᠭ① ᠪᠠᠷᠰ ᠤ᠋ᠨ ᠳᠡᠪᠢᠰᠬᠡᠷ ᠱᠠᠩᠨᠠᠵᠤ᠂ ᠡᠬᠡ ᠢᠨᠣ ᠪᠠᠰᠠ ᠨᠥᠭᠴᠢᠭᠰᠡᠨ ᠲᠤᠯᠠ ᠰᠡᠴᠡᠨ ᠵᠦᠰᠦᠨ ᠬᠠᠲᠤᠨ ᠳ᠋ᠤᠷ ᠲᠤᠰᠢᠶᠠᠨ ᠲᠡᠵᠢᠭᠡᠯᠭᠡᠪᠡᠢ᠃ ᠡᠭᠦᠨᠴᠡ ᠪᠸᠲ᠋ᠠ᠋ ᠤᠯᠤᠰ ᠤ᠋ᠨ ᠴᠡᠷᠢᠭ ᠦ᠋ᠨ ᠴᠠᠭᠠᠵᠠ ᠴᠢᠩᠭᠠᠷᠠᠭᠰᠠᠨ ᠠ᠋ᠴᠠ ᠭᠠᠳᠠᠨ᠎ᠠ ᠂ ᠣᠯᠠᠨ ᠢ᠋ᠶ᠋ᠠᠷ ᠳᠠᠢᠰᠤᠨ᠎ᠠ ᠪᠡᠶ᠎ᠡ ᠦᠷᠡᠬᠦ ᠶ᠋ᠢ ᠬᠦᠰᠡᠯᠴᠡᠪᠡᠢ ᠃  
       ᠬᠤᠷᠴᠠ ᠭᠠᠯ ᠮᠡᠲᠦ ᠴᠠᠭᠠᠵᠠ ᠬᠠᠤᠯᠢ ᠳ᠋ᠤᠷ ᠬᠡᠨ ᠦᠯᠦ ᠰᠢᠷᠪᠡᠭᠡᠲᠦᠮᠦᠢ ? ᠬᠤᠷ᠎ᠠ ᠤᠰᠤ ᠠᠳᠠᠯᠢ ᠱᠠᠩ ᠬᠡᠰᠢᠭ ᠲᠣᠷ ᠠᠯᠢᠨ ᠦᠯᠦ ᠰᠢᠲᠦᠮᠦᠢ ?
       ᠡᠨᠡ ᠥᠨᠳᠥᠷ ᠰᠡᠴᠡᠨ ᠦ᠌ ᠬᠡᠷᠡᠭ ᠢ᠋ ᠮᠣᠩᠭᠣᠯ ᠰᠤᠳᠤᠷᠴᠤᠳ ᠲᠤᠷ ᠰᠠᠢᠬᠠᠨ ᠲᠡᠮᠳᠡᠭᠯᠡᠭᠰᠡᠨ ᠢ᠋ ᠴᠦ᠍ ᠪᠠᠢᠲᠤᠭᠠᠢ᠂ ᠬᠡᠳᠦᠢ ᠬᠢᠲᠠᠳ ᠤ᠋ᠨ 《ᠵᠣ᠌ ᠽᠢ ᠲᠤᠩ ᠢ᠋ᠶᠠᠨ ᠭᠠᠩ ᠮᠦ᠍ ᠪᠢᠴᠢᠭ 》 ᠦ᠋ᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠳᠡᠳ᠋ ᠳᠡᠪᠲᠡᠷ ᠦ᠋ᠨ ᠲᠠᠪᠢᠨ ᠵᠢᠷᠭᠤᠳᠤᠭᠠᠷ ᠴᠠᠭᠠᠰᠤᠨ ᠤ᠋ ᠠᠷᠤ ᠪᠡᠶ᠎ᠡ ᠶ᠋ᠢᠨ ᠲᠠᠢᠽᠦ ᠶ᠋ᠢᠨ ᠬᠠᠭᠠᠨ ᠰᠠᠭᠤᠭᠰᠠᠨ ᠢ᠋ ᠲᠣᠭᠠᠴᠢᠭᠰᠠᠨ ᠳ᠋ᠤᠷ ᠡᠭᠦᠨ ᠢ᠋ ᠪᠠᠰᠠ ᠪᠥᠭᠡᠮ ᠢ᠋ᠶ᠋ᠡᠷ ᠬᠡᠳᠦᠨ ᠦᠰᠦᠭ ᠲᠣᠭᠠᠴᠢᠵᠤᠬᠤᠢ᠃ ᠭᠠᠭᠴᠠ ᠨᠡᠷ᠎ᠡ ᠶ᠋ᠢ ᠢᠨᠦ ᠬᠠᠯᠭᠤᠷᠠᠵᠤ 《 ᠸᠧᠢ ᠳᠧ ᠡᠯ 》 ᠭᠡᠮᠡᠨ ᠪᠢᠴᠢᠵᠦᠬᠦᠢ᠃ ᠡᠨᠡ ᠳᠠᠷᠤᠢ ᠥᠨᠳᠥᠷ ᠬᠡᠮᠡᠭᠰᠡᠨ ᠢ᠋ ᠸᠧᠢ ᠳᠧ ᠡᠯ ᠬᠡᠮᠡᠭᠰᠡᠨ ᠪᠤᠶᠤ᠃ ᠡᠨᠡ ᠥᠨᠳᠥᠷ ᠰᠡᠴᠡᠨ ᠮᠣᠩᠭᠣᠯ ᠤ᠋ᠨ ᠲᠡᠷᠢᠭᠦᠨ ᠨᠢᠭᠡᠨ ᠰᠢᠳᠤᠷᠭᠤ ᠵᠢᠷᠤᠮᠲᠤ ᠮᠡᠷᠭᠡᠨ ᠭᠡᠭᠡᠬᠡᠨ ᠰᠠᠢᠳ ᠪᠤᠶᠤ᠃ ᠴᠣᠬᠣᠮ ᠲᠦᠮᠡᠨ ᠦᠶ᠎ᠡ ᠢᠯᠵᠠᠷᠠᠰᠢ ᠦᠭᠡᠢ ᠵᠢᠷᠤᠮᠲᠠᠨ ᠪᠣᠯᠠᠢ᠃ ᠤᠭ ᠲᠤᠷ ᠴᠠᠢᠯᠵᠢ ᠠᠢᠮᠠᠭ ᠤ᠋ᠨ ᠡᠵᠡᠨ ᠪᠥᠯᠥᠭᠡ᠃ ᠲᠠᠢᠽᠦ ᠶ᠋ᠢᠨ ᠡᠴᠢᠭᠡ ᠶᠢᠰᠦᠭᠡᠢ ᠪᠠᠭᠠᠲᠤᠷ ᠥᠩᠭᠡᠷᠡᠵᠦ᠂ ᠣᠯᠠᠨ ᠠᠢᠮᠠᠭ ᠤ᠋ᠳ ᠤᠷᠭᠤᠵᠤ ᠤᠷᠪᠠᠨ ᠡᠴᠢᠬᠦᠶ᠎ᠡ᠂ ᠡᠨᠡ ᠥᠨᠳᠥᠷ ᠦ᠋ᠨ ᠠᠬ᠎ᠠ ᠠᠨᠤ ᠨᠡᠷ᠎ᠡ ᠥᠨᠢ ᠬᠡᠮᠡᠭᠴᠢ ᠴᠠᠢᠯᠵᠢ ᠠᠢᠮᠠᠭ ᠢ᠋ᠶ᠋ᠡᠨ ᠠᠪᠴᠤ ᠤᠷᠪᠠᠨ ᠣᠳᠬᠤᠢ ᠳ᠋ᠤᠷ ᠳᠡᠭᠦᠦ ᠥᠨᠳᠥᠷ ᠭᠤᠷᠪᠠᠨ ᠮᠥᠷᠡᠨ ᠢ᠋ ᠭᠠᠷᠲᠠᠯ᠎ᠠ ᠬᠣᠷᠢᠭᠯᠠᠪᠠᠰᠤ ᠦᠭᠡ ᠳᠠᠭᠠᠭᠰᠠᠨ ᠦᠭᠡᠢ ᠡᠴᠢᠭᠰᠡᠨ᠎ᠡ᠂ ᠳᠡᠭᠦᠦ ᠢᠨᠦ ᠡᠭᠡᠵᠦ ᠢᠷᠡᠭᠡᠳ ᠲᠠᠢᠽᠦ ᠳ᠋ᠦ᠍ᠷ ᠳᠠᠭᠠᠬᠤᠢ ᠳ᠋ᠤᠷ ᠲᠡᠭᠦᠨ ᠦ᠌ ᠥᠴᠢᠭᠰᠡᠨ ᠢᠨᠣ《ᠦᠨᠡᠨ ᠡᠵᠡᠨ ᠢ᠋ ᠦᠬᠦᠲᠡᠯ᠎ᠡ ᠳᠠᠭᠠᠬᠤᠢ ᠳ᠋ᠤᠷ ᠶᠠᠭᠤᠨ ᠪᠣᠢ !》ᠭᠡᠮᠡᠨ ᠰᠤᠮᠤ ᠬᠤᠭᠤᠯᠵᠤ ᠲᠠᠩᠭᠠᠷᠢᠭᠯᠠᠭᠰᠠᠨ᠎ᠠ᠂ ᠲᠠᠢᠽᠦ ᠰᠡᠴᠡᠨ ᠴᠣᠯᠠ ᠬᠠᠢᠷᠠᠯᠠᠭᠰᠠᠨ ᠪᠥᠯᠥᠭᠡ᠃ ᠠᠬ᠎ᠠ ᠠᠨᠤ ᠥᠨᠢ ᠳᠣᠣᠷᠠᠬᠢ ᠲᠣᠳᠣ ᠬᠡᠮᠡᠭᠴᠢ ᠳ᠋ᠦ᠍ᠷ ᠠᠯᠠᠭᠳᠠᠵᠤ᠂ ᠴᠠᠢᠯᠵᠢ ᠠᠢᠮᠠᠭ ᠢ᠋ᠶ᠋ᠠᠨ ᠪᠤᠯᠢᠶᠠᠭᠳᠠᠵᠤᠬᠤᠢ᠃ ᠡᠨᠡ ᠪᠦᠯᠦᠭ ᠲᠣᠷ ᠭᠠᠷᠤᠭᠰᠠᠨ ᠲᠣᠳᠣ ᠭᠡᠭᠴᠢ ᠳᠠᠷᠤᠢ ᠮᠥᠨ ᠃  
               ᠠᠴᠢᠯᠠᠯᠲᠤ ᠬᠥᠪᠡᠭᠦᠨ ᠰᠢᠳᠤᠷᠭᠤ ᠰᠠᠢᠳ ᠦᠶ᠎ᠡ ᠳ᠋ᠦ᠍ᠷ ᠶᠠᠭᠤᠲᠠᠢ ᠴᠤᠬᠠᠭ ?
               ᠠᠪᠤᠷᠠᠯᠲᠤ ᠡᠵᠡᠨ ᠭᠡᠭᠡᠬᠡᠨ ᠵᠠᠰᠠᠭ ᠴᠥᠭᠡᠨ ᠪᠣᠯᠤᠭᠰᠠᠨ ᠤ᠋ ᠭᠡᠮ᠂ 
               ᠠᠰᠠᠷᠠᠯᠲᠤ ᠪᠣᠭᠳᠠ ᠲᠠᠢᠽᠦ ᠲᠤᠯᠠ  ᠦᠬᠦᠨ ᠵᠢᠳᠬᠦᠭᠴᠢᠳ ᠭᠠᠷᠤᠮᠤᠢ 
               ᠠᠪᠤᠷᠢ ᠮᠠᠭᠤ ᠲᠣᠭᠣᠷᠢᠯ ᠪᠠᠢᠨ᠎ᠠ ᠬᠡᠨ ᠤᠷᠤᠭᠰᠢᠯᠠᠬᠤ ᠪᠣᠢ ?

– – – – 
① ᠬᠤᠶᠠᠭ ᠤᠨ ᠳᠡᠭᠡᠭᠦᠷ ᠡᠮᠦᠰᠬᠦ ᠬᠦᠷᠮ᠎ᠡ ᠶᠢ ᠬᠡᠯᠡᠭ᠍ᠰᠡᠨ ᠪᠣᠢ᠃

ᠴᠣᠬᠣᠯᠠᠭᠰᠠᠨ  ᠠᠨᠤ 
       ᠡᠨᠡ ᠪᠦᠯᠦᠭ ᠲᠣᠷ ᠤᠴᠢᠷ ᠲᠠᠢ ᠶᠠᠪᠤᠳᠠᠯ ᠴᠥᠭᠡᠨ ᠦᠭᠡᠢ ᠲᠤᠯᠠ ᠣᠯᠠᠨᠲᠠ ᠳᠡᠯᠭᠡᠵᠦ ᠴᠣᠬᠣᠯᠠᠨ ᠴᠢᠳᠠᠬᠤ ᠦᠭᠡᠢ᠂ ᠤᠴᠢᠷ ᠤᠴᠢᠷ ᠢ᠋ ᠣᠢᠷ᠎ᠠ ᠣᠢᠷᠠᠬᠠᠨ ᠢ᠋ᠶ᠋ᠠᠷ ᠤᠬᠤᠴᠢᠯᠠᠰᠤᠭᠠᠢ᠃ ᠤᠭ ᠠ᠋ᠴᠠ ᠲᠠᠢᠽᠦ ᠶ᠋ᠢ ᠥᠪᠡᠷ᠎ᠡ ᠶᠠᠰᠤ ᠲᠡᠭᠷᠢ ᠶ᠋ᠢᠨ ᠰᠢᠮ᠎ᠡ ᠦᠷ᠎ᠡ ᠬᠡᠮᠡᠭᠰᠡᠨ ᠢᠨᠣ ᠡᠨᠡ ᠪᠦᠯᠦᠭ ᠦ᠋ᠨ ᠡᠬᠢᠨ ᠳ᠋ᠦ᠍ᠷ ᠢᠯᠡᠷᠬᠡᠢ ᠲᠣᠳᠣᠷᠬᠠᠢ ᠪᠠᠷ ᠢᠯᠡᠷᠡᠵᠦᠬᠦᠢ᠃ ᠡᠨᠡ ᠢᠨᠣ ᠶᠢᠷᠲᠢᠨᠴᠦ ᠶ᠋ᠢᠨ ᠢᠯᠡ ᠭᠡᠷᠡᠴᠢ ᠪᠤᠶᠤ᠃ ᠳᠡᠳ᠋ ᠲᠣᠷ ᠬᠠᠪᠤᠲᠤ ᠬᠠᠰᠠᠷ ᠤ᠋ᠨ ᠭᠡᠷ ᠦ᠋ᠨ ᠠᠮᠠᠨ ᠢ᠋  ᠬᠡᠷᠡᠢᠳ ᠦ᠋ᠨ ᠰᠣᠯᠣᠩᠭᠤᠸ᠎ᠠ ᠥᠬᠢᠨ ᠦ᠌ ᠬᠠᠷᠠᠭᠠᠯᠵᠠᠭᠤᠯᠤᠭᠰᠠᠨ ᠠᠨᠤ᠂ ᠡᠷᠲᠡᠨ ᠦ᠌ ᠴᠦᠨ ᠴᠢᠦ ᠶ᠋ᠢᠨ ᠦᠶ᠎ᠡ᠂ ᠶ᠋ᠢᠨ ᠸᠸᠨ ᠬᠦᠩ ᠲᠣᠭᠣᠷᠢᠵᠤ ᠶᠠᠪᠤᠬᠤ ᠦᠶ᠎ᠡ ᠳ᠋ᠦ᠍ᠷ ᠼᠤᠤ ᠤᠯᠤᠰ ᠲᠤᠷ ᠬᠦᠷᠴᠦ ᠼᠤᠤ ᠬᠦᠩ ᠬᠦᠨᠳᠦᠯᠡᠭᠰᠡᠨ ᠦᠭᠡᠢ ᠳ᠋ᠦ᠍ᠷ ᠳᠣᠣᠷᠠᠬᠢ ᠴᠢᠩ ᠲᠦᠰᠢᠮᠡᠯ ᠢᠨᠦ ᠭᠡᠷ ᠲᠡᠭᠡᠨ ᠵᠠᠯᠠᠭᠰᠠᠨ ᠳ᠋ᠤᠷ ᠲᠡᠭᠦᠨ ᠦ᠌ ᠭᠡᠷᠭᠡᠢ᠂ ᠴᠥᠩ ᠡᠯ ᠢ᠋ ᠦᠵᠡᠵᠦ ᠲᠠᠨᠢᠭᠠᠳ ᠡᠷ᠎ᠡ ᠳ᠋ᠡᠭᠡᠨ ᠰᠤᠷᠭᠠᠵᠤ ᠂ ᠴᠥᠩ ᠡᠯ ᠢ᠋ ᠬᠦᠨᠳᠦᠯᠡᠨ ᠠᠯᠲᠠᠨ ᠰᠤᠪᠤᠳ ᠢ᠋ᠶ᠋ᠠᠷ ᠲᠤᠰᠠᠯᠠᠭᠤᠯᠵᠤ ᠂ ᠬᠣᠢᠨ᠎ᠠ ᠶ᠋ᠢᠨ ᠸᠸᠨ ᠬᠦᠩ ᠤᠯᠤᠰ ᠢ᠋ᠶ᠋ᠠᠨ ᠣᠯᠵᠤ᠂ ᠠᠴᠢ ᠥᠰᠢᠶ᠎ᠡ ᠶ᠋ᠢ ᠬᠠᠷᠢᠭᠤᠯᠠᠬᠤ ᠦᠶ᠎ᠡ ᠳ᠋ᠦ᠍ᠷ ᠼᠤᠤ ᠤᠯᠤᠰ ᠡᠪᠳᠡᠷᠡᠭᠰᠡᠨ ᠠᠲᠠᠯ᠎ᠠ ᠰᠢ ᠹᠦ ᠶ᠋ᠢᠨ ᠡᠮ᠎ᠡ ᠡᠰᠡ ᠦᠬᠦᠵᠦᠬᠦᠢ᠃ ᠬᠣᠢᠨ᠎ᠠ ᠬᠡᠪ ᠢ᠋ᠶ᠋ᠡᠷ ᠶᠡᠬᠡ ᠪᠠᠶᠠᠨ ᠡᠷᠬᠢᠮ ᠢ᠋ ᠡᠵᠡᠯᠡᠪᠡ᠃ ᠡᠨᠡ ᠰᠣᠯᠤᠩᠭᠤᠸ᠎ᠠ ᠥᠬᠢᠨ ᠲᠡᠷᠡ ᠰᠢ ᠹᠦ ᠶ᠋ᠢᠨ ᠡᠮ᠎ᠡ ᠡᠴᠡ ᠳᠣᠣᠷ᠎ᠠ ᠦᠭᠡᠢ᠃ ᠭᠤᠲᠠᠭᠠᠷ ᠲᠤᠷ ᠮᠤᠬᠤᠯᠢ ᠶ᠋ᠢᠨ ᠴᠠᠢᠯᠵᠢ ᠠᠢᠮᠠᠭ ᠤ᠋ᠨ ᠴᠡᠷᠢᠭ ᠢ᠋ ᠰᠣᠨᠣᠰᠴᠤ ᠢᠨᠢᠶᠡᠨ ᠪᠠᠶᠠᠷᠯᠠᠭᠰᠠᠨ ᠠᠨᠤ  ᠬᠡᠷᠡᠢᠳ ᠦ᠋ᠨ ᠴᠡᠷᠢᠭ ᠮᠤᠬᠤᠯᠢ ᠶ᠋ᠢ ᠶᠠᠪᠤᠪᠠ ᠭᠡᠮᠡᠨ ᠰᠣᠨᠣᠰᠤᠮᠠᠭᠴᠠ ᠯᠠᠪ ᠰᠥᠰᠥ ᠶᠡᠬᠡ ᠰᠡᠵᠢᠭ ᠦᠭᠡᠢ ᠪᠣᠯᠵᠤ ᠠᠷᠭ᠎ᠠ ᠳ᠋ᠤᠷ ᠤᠨᠠᠬᠤ ᠶ᠋ᠢ ᠮᠡᠳᠡᠭᠰᠡᠨ ᠪᠣᠯᠠᠢ᠃ ᠪᠠᠰᠠ ᠪᠠᠷᠰ ᠪᠥᠭᠡᠯᠵᠢᠬᠦ ᠠᠷᠭ᠎ᠠ ᠬᠡᠮᠡᠭᠴᠢ ᠶᠡᠬᠡ ᠠᠭᠤᠯᠠᠨ ᠤ᠋ ᠪᠠᠷᠰ ᠰᠥᠨᠢ ᠠᠢᠯ ᠳ᠋ᠤᠷ ᠪᠠᠭᠤᠵᠤ ᠂ ᠬᠥᠮᠦᠨ ᠦ᠌ ᠪᠥᠭᠡᠯᠵᠢᠬᠦ ᠪᠡᠷ ᠳᠤᠤᠭᠠᠷᠴᠤ ᠠᠢᠯ ᠤ᠋ᠨ ᠨᠣᠬᠠᠢ ᠶ᠋ᠢ ᠴᠤᠭᠯᠠᠭᠤᠯᠤᠨ ᠠᠴᠢᠷᠠᠵᠤ ᠪᠠᠷᠢᠵᠤ ᠢᠳᠡᠬᠦ ᠲᠤᠯᠠ ᠲᠠᠢᠽᠦ ᠶ᠋ᠢ ᠬᠡᠷᠡᠢᠳ ᠦ᠋ᠨ ᠴᠡᠷᠢᠭ ᠢ᠋ ᠤᠳᠤᠷᠢᠳᠤᠨ ᠠᠴᠢᠷᠠᠵᠤ ᠳᠠᠷᠤᠭᠲᠤᠨ ᠬᠡᠮᠡᠭᠰᠡᠨ ᠦᠭᠡ ᠪᠤᠶᠤ᠂ ᠰᠣᠨᠢᠨ ᠪᠣᠯᠠᠢ ! ᠡᠷᠲᠡᠨ ᠦ᠌ ᠱᠤ᠌ ᠤᠯᠤᠰ ᠤ᠋ᠨ ᠵᠣ᠌ ᠭᠧ ᠯᠢᠶᠠᠩ ᠳ᠋ᠤᠷ ᠮᠠᠩᠨᠤᠭ ᠬᠠᠪᠲᠠᠭ᠎ᠠ ᠶ᠋ᠢᠨ ᠠᠷᠭ᠎ᠠ ᠪᠣᠢ ᠬᠡᠮᠡᠬᠦᠯ᠎ᠡ᠂ ᠡᠨᠡ ᠪᠸᠲ᠋ᠠ᠋ ᠤᠯᠤᠰ ᠤ᠋ᠨ ᠮᠤᠬᠤᠯᠢ ᠳ᠋ᠤᠷ ᠪᠠᠰᠠ ᠪᠢᠲᠡᠭᠦᠦ ᠦᠭᠡᠰ ᠦ᠋ᠨ ᠲᠣᠪᠴᠢᠶ᠎ᠠ ᠪᠣᠢ ᠠᠨᠤ᠂ ᠪᠦᠲᠦᠬᠦ ᠤᠯᠤᠰ ᠤ᠋ᠨ ᠲᠡᠭᠷᠢ ᠶ᠋ᠢᠨ ᠲᠥᠷᠥᠭᠦᠯᠦᠭᠰᠡᠨ ᠠᠨᠤ ᠪᠣᠯᠠᠢ᠃ ᠳᠥᠲᠥᠭᠡᠷ ᠲᠣᠷ ᠲᠠᠢᠽᠦ ᠥᠷᠥᠰᠢᠶᠡᠯ ᠵᠢᠷᠤᠮ ᠤ᠋ᠨ ᠴᠡᠷᠢᠭ ᠢ᠋ ᠶᠠᠪᠤᠭᠤᠯᠵᠤ᠂ ᠵᠠᠯᠮ᠎ᠠ ᠶ᠋ᠢᠨ ᠤᠰᠤ ᠪᠠᠷ ᠴᠠᠴᠠᠭᠠᠬᠤ ᠶ᠋ᠢ ᠬᠣᠷᠢᠭᠯᠠᠨ ᠪᠠᠢᠯᠭᠠᠬᠤ ᠪᠥᠭᠡᠳ ᠶᠠᠭᠤᠨ ᠳ᠋ᠤᠷ ᠵᠡᠯᠮ᠎ᠡ ᠶ᠋ᠢᠨ ᠭᠠᠯ ᠳ᠋ᠤᠷ ᠬᠤᠢᠬᠠᠯᠠᠬᠤ ᠶ᠋ᠢ ᠡᠰᠡ ᠵᠣᠭᠰᠣᠭᠠᠭᠰᠠᠨ ᠠᠵᠢ ! ᠡᠭᠦᠨ ᠢ᠋ ᠬᠡᠷᠬᠢᠨ ᠥᠷᠥᠰᠢᠶᠡᠯ ᠵᠢᠷᠤᠮᠲᠤ ᠴᠡᠷᠢᠭ ᠬᠡᠮᠡᠵᠦ ᠪᠣᠯᠬᠤ ? ᠠᠶ᠎ᠠ ! ᠦᠵᠡᠬᠦ ᠮᠡᠷᠭᠡᠳ ᠮᠢᠨᠦ ᠲᠠᠢᠯᠤᠨ ᠮᠡᠳᠡᠭᠦᠯᠬᠦ ᠶ᠋ᠢ ᠰᠣᠨᠣᠰ : ᠴᠣᠬᠣᠮ ᠥᠷᠥᠰᠢᠶᠡᠯ ᠵᠢᠷᠤᠮᠲᠤ ᠴᠡᠷᠢᠭ ᠪᠣᠯᠵᠤᠬᠤᠢ᠃ ᠶᠠᠭᠤᠨ ?  ᠬᠡᠮᠡᠪᠡᠰᠦ : ᠵᠠᠢᠯᠠᠨ ᠭᠠᠷᠴᠤ ᠦᠯᠦ ᠪᠣᠯᠬᠤ ᠠᠨᠤ ᠮᠤᠬᠤᠷ ᠬᠡᠮᠡᠮᠦᠢ᠂ ᠮᠤᠬᠤᠷ ᠪᠢᠲᠡᠭᠦᠦ ᠪᠡᠷ ᠴᠥᠮ ᠪᠦᠷᠢᠯᠭᠡᠪᠡᠰᠦ ᠰᠠᠶᠢ ᠬᠣᠣᠷᠲᠠᠢ ᠬᠡᠮᠡᠮᠦᠢ᠃ ᠲᠠᠯ᠎ᠠ ᠶ᠋ᠢᠨ ᠲᠦᠢᠮᠡᠷ ᠡᠴᠡ ᠳᠤᠲᠠᠭᠠᠵᠤ ᠭᠠᠷᠬᠤ ᠬᠤᠪᠠᠬᠠᠢ ᠭᠠᠵᠠᠷ ᠪᠣᠢ᠂ ᠭᠣᠣᠯ ᠤ᠋ᠨ ᠦᠶᠡᠷ ᠲᠣᠷ ᠨᠢᠭᠡᠨᠲᠡ ᠤᠷᠤᠰᠠᠬᠠᠭᠳᠠᠪᠠᠰᠤ ᠬᠡᠷᠬᠢᠨ ᠭᠡᠲᠦᠯᠬᠦ ᠠᠵᠢ ?  ᠲᠡᠢᠨ ᠬᠦ᠌ ᠲᠦᠢᠮᠡᠷ ᠦ᠋ᠨ ᠭᠠᠯ ᠢ᠋ᠶ᠋ᠠᠷ ᠰᠦᠷᠲᠡᠭᠡᠵᠦ᠂ ᠲᠡᠭᠷᠢ ᠶ᠋ᠢᠨ ᠬᠤᠷ᠎ᠠ ᠳ᠋ᠤᠷ ᠲᠣᠬᠢᠶᠠᠯᠳᠤᠵᠤᠬᠤᠢ? ᠲᠠᠩᠬᠠᠢ ᠲᠣᠭᠣᠵᠢ ᠳ᠋ᠤᠷ ᠡᠨᠡ ᠪᠠᠢᠯᠳᠤᠭᠠᠨ ᠢ᠋ ᠲᠡᠭᠷᠢ ᠶ᠋ᠢᠨ ᠴᠡᠷᠢᠭ ᠪᠠᠭᠤᠵᠤ ᠬᠡᠷᠡᠢᠳ ᠢ᠋  ᠳᠠᠷᠤᠪᠠ ᠭᠡᠵᠦ ᠪᠣᠢ᠃ ᠡᠭᠦᠯᠡ ᠰᠠᠯᠬᠢᠨ ᠪᠣᠷᠣᠭᠠᠨ ᠦᠶᠡᠷ ᠲᠤᠰᠠ ᠪᠣᠯᠤᠭᠰᠠᠨ ᠠᠨᠤ ᠦᠨᠡᠨ ᠪᠣᠢ ᠊ᠶ᠎ᠠ᠂ ᠶᠠᠭᠤᠨᠠᠢ ᠲᠡᠭᠷᠢ ᠡᠴᠡ ᠴᠡᠷᠢᠭ ᠪᠠᠭᠤᠬᠤ ᠠᠵᠢ ! ᠲᠡᠢᠨ ᠬᠦ᠌ ᠥᠷᠥᠰᠢᠶᠡᠯᠲᠦ ᠴᠡᠷᠢᠭ ᠬᠡᠮᠡᠪᠡ᠃ ᠲᠠᠪᠤᠳᠤᠭᠠᠷ ᠲᠤᠷ ᠬᠡᠷᠡᠢᠳ ᠦ᠋ᠨ ᠵᠠᠮᠤᠬ᠎ᠠ ᠾᠧ ᠸᠠᠩ ᠢ᠋ ᠮᠡᠬᠡᠯᠡᠭᠦᠯᠬᠦᠶ᠎ᠡ ᠣᠨᠴᠠ ᠬᠥᠪᠡᠭᠦᠨ ᠢ᠋ᠶ᠋ᠡᠷ ᠢᠨᠣ ᠮᠡᠬᠡᠯᠡᠭᠦᠯᠵᠦ᠂ ᠬᠥᠪᠡᠭᠦᠨ ᠢ᠋ ᠢᠨᠣ ᠬᠥᠭᠵᠢᠭᠡᠬᠦᠢ ᠳ᠋ᠦ᠍ ᠥᠭᠡᠷ᠎ᠡ ᠪᠠᠰᠠ ᠭᠠᠵᠢᠭᠤ ᠪᠠᠷ ᠤᠳᠤᠷᠢᠳᠴᠤ ᠤᠯᠠᠮ ᠢ᠋ᠶ᠋ᠠᠷ ᠥᠪᠡᠷ ᠦ᠋ᠨ ᠡᠮ᠎ᠡ ᠳ᠋ᠦ᠍ᠷ ᠢ᠋ᠶ᠋ᠡᠨ ᠳᠤᠷᠠᠯᠠᠭᠤᠯᠬᠤᠢ ᠳ᠋ᠤᠷ ᠬᠦᠷᠦᠭᠰᠡᠨ ᠢᠨᠣ᠂ ᠡᠨᠡ ᠦᠶ᠎ᠡ ᠶ᠋ᠢᠨ ᠠᠬ᠎ᠠ ᠳᠡᠭᠦᠦ ᠪᠠᠷᠢᠵᠤ ᠡᠮ᠎ᠡ ᠥᠬᠢᠳ ᠢ᠋ ᠲᠤᠭᠤᠷᠪᠢᠬᠤᠢ ᠳ᠋ᠤᠷ ᠠᠳᠠᠯᠢ ᠪᠣᠯᠤᠭᠰᠠᠨ ᠠᠨᠤ ᠠᠶ᠎ᠠ ᠬᠣᠬᠣᠢ ! ᠥᠴᠦᠬᠡᠨ ᠠᠷᠠᠳ ᠤ᠋ᠨ ᠡᠮ᠎ᠡ ᠪᠠ ᠥᠬᠢᠨ ᠢ᠋ᠶ᠋ᠡᠨ ᠡᠷᠭᠦᠵᠦ ᠠᠯᠠ ᠶ᠋ᠢᠨ ᠳᠣᠣᠷᠠᠬᠢ ᠨᠠᠢᠷ ᠢ᠋ᠶ᠋ᠠᠷ ᠪᠠᠶᠠᠨ ᠡᠷᠬᠢᠮ ᠢ᠋ ᠡᠷᠢᠬᠦ ᠮᠡᠷᠭᠡᠳ ᠪᠣᠯᠪᠠᠴᠤ ᠳᠣᠲᠣᠷ᠎ᠠ ᠪᠠᠨ ᠵᠠᠮᠤᠬ᠎ᠠ ᠶ᠋ᠢᠨ ᠠᠳᠠᠯᠢ ᠬᠣᠷᠣᠰᠬᠤ ᠠᠨᠤ ᠮᠠᠭᠠᠳ ᠪᠣᠯᠠᠢ ! ᠲᠡᠷᠡ ᠵᠢᠭᠰᠠᠭᠠᠯ ᠳ᠋ᠤᠷ ᠠᠭ᠍ᠴᠢᠳ ᠬᠢᠴᠢᠶᠡᠨ ᠰᠡᠷᠡᠪᠡᠰᠦ ᠵᠣᠬᠢᠮᠤᠢ᠃ ᠨᠢᠭᠡᠨ ᠥᠷᠯᠥᠭᠡ ᠶ᠋ᠢᠨ ᠡᠳ᠋ ᠪᠠ ᠡᠷᠬᠡ ᠢᠨᠣ ᠳᠠᠭᠤᠰᠪᠠᠰᠤ᠂ ᠲᠡᠳᠡᠭᠡᠷ ᠴᠥᠮ ᠡᠰᠡᠷᠭᠦᠴᠡᠯ ᠪᠣᠯᠠᠢ !ᠡᠰᠡ ᠬᠢᠨᠠᠪᠠᠰᠤ ᠪᠣᠯᠤᠮᠤᠢ ᠤᠤ?  ᠵᠢᠷᠭᠤᠳᠤᠭᠠᠷ ᠲᠤᠷ ᠾᠧ ᠸᠠᠩ ᠲᠤᠭᠤᠷᠢᠯ ᠤ᠋ᠨ ᠦᠬᠦᠪᠡᠰᠦ ᠵᠣᠬᠢᠬᠤ ᠨᠢᠭᠡᠨᠲᠡ ᠲᠣᠭᠲᠠᠭᠰᠠᠨ ᠭᠤᠷᠪᠠᠨ ᠵᠦᠢᠯ ᠪᠣᠢ᠂ ᠲᠡᠷᠢᠭᠦᠨ ᠳ᠋ᠦ᠍ᠷ ᠲᠠᠰᠢᠮᠠᠭᠠᠢ ᠪᠢᠯᠳᠠᠤᠴᠢ᠂ ᠬᠣᠶᠠᠷ ᠲᠤᠷ ᠮᠤᠩᠬᠠᠭ ᠬᠠᠷᠠᠩᠭᠤᠢ᠂ ᠭᠤᠷᠪᠠᠨ ᠳ᠋ᠤᠷ ᠬᠣᠪᠳᠣᠭ ᠠᠪᠯᠢᠭᠠᠴᠢ᠃ ᠡᠭᠦᠨ ᠢ᠋ ᠬᠠᠷᠢᠨ ᠶᠤᠸᠠᠨ ᠱᠣᠣ᠂ ᠶᠤᠸᠠᠨ ᠱᠤ᠌᠂ ᠯᠢᠦ ᠪᠢᠶᠣᠤ᠂ ᠬᠤᠸᠠᠩ ᠽᠦ᠍ ᠨᠠᠷ ᠤ᠋ᠨ ᠲᠦᠰᠢᠮᠡᠯ ᠪᠣᠯᠭᠠᠨ ᠤᠴᠠᠷᠠᠭᠤᠯᠪᠠᠰᠤ ᠮᠠᠰᠢ ᠵᠣᠬᠢᠷᠠᠬᠤ ᠪᠥᠯᠥᠭᠡ ! ᠬᠡᠳᠦᠢ ᠴᠡᠷᠢᠭ ᠦ᠋ᠨ ᠬᠡᠷᠡᠭ ᠲᠦ᠍ᠷ ᠲᠤᠰᠠ ᠶ᠋ᠢ ᠡᠷᠢᠬᠦ ᠪᠣᠯᠪᠠᠴᠤ ᠴᠢᠰᠤ ᠮᠢᠬ᠎ᠠ ᠪᠠᠨ ᠲᠡᠪᠴᠢᠵᠦ᠂ ᠤᠯᠤᠰ ᠠᠢᠮᠠᠭ ᠠ᠋ᠴᠠ ᠪᠠᠨ ᠤᠷᠪᠠᠭᠰᠠᠨ ᠵᠠᠮᠤᠬ᠎ᠠ᠂ ᠠᠷᠳᠠ᠂ ᠬᠤᠰᠠᠭᠤᠷ᠂ ᠳᠡᠯᠵᠢᠲᠠᠢ ᠡᠨᠡ ᠳᠥᠷᠪᠡᠨ ᠢ᠋ ᠬᠡᠷᠡᠭᠯᠡᠭᠰᠡᠨ ᠢᠨᠣ ᠳᠠᠷᠤᠢ ᠦᠬᠦᠯ ᠦ᠋ᠨ ᠡᠭᠦᠳᠡ ᠮᠥᠨ ᠪᠤᠶᠤ ! ᠳᠣᠯᠣᠳᠤᠭᠠᠷ ᠲᠤᠷ ᠪᠸᠲ᠋ᠠ᠋ ᠤᠯᠤᠰ ᠤ᠋ᠨ ᠡᠭᠦᠰᠬᠡᠯ ᠦ᠋ᠨ ᠦᠶ᠎ᠡ ᠶ᠋ᠢᠨ ᠥᠨᠳᠥᠷ ᠰᠡᠴᠡᠨ ᠦᠨᠡᠬᠡᠷ ᠡᠷᠬᠢᠮ ᠪᠥᠭᠡᠳ ᠰᠡᠴᠡᠨ ᠭᠡᠭᠡᠬᠡᠨ ᠪᠣᠯᠠᠢ ! ᠲᠡᠭᠦᠨ ᠦ᠌ ᠨᠡᠷ᠎ᠡ ᠬᠥᠬᠡ ᠰᠤᠳᠤᠷ ᠲᠤᠷ ᠡᠩ ᠲᠡᠷᠢᠭᠦᠨ ᠭᠠᠷᠬᠤᠢ ᠥᠪᠡᠷᠮᠢᠴᠡ ᠵᠢᠷᠤᠮᠲᠤ ᠠᠮᠢᠰᠬᠤᠯ ᠲᠠᠢ ᠪᠥᠯᠥᠭᠡ᠃ ᠡᠳᠦᠭᠡ ᠡᠴᠦᠰ ᠦ᠋ᠨ ᠦᠶ᠎ᠡ ᠳ᠋ᠦ᠍ᠷ ᠡᠭᠡᠨᠡᠭᠲᠡ ᠰᠢᠳᠤᠷᠭᠤ ᠶ᠋ᠢᠨ ᠲᠤᠢᠯ ᠢ᠋ᠶ᠋ᠡᠷ ᠦᠬᠦᠵᠦ᠂ ᠨᠢᠭᠡᠨ ᠶᠡᠬᠡ ᠶᠤᠸᠠᠨ ᠤᠯᠤᠰ ᠤ᠋ᠨ ᠲᠦᠭ ᠲᠦᠮᠡᠨ ᠰᠢᠳᠤᠷᠭᠤ ᠰᠠᠢᠳ ᠤ᠋ᠳ ᠤ᠋ᠨ ᠡᠩ ᠲᠡᠷᠢᠭᠦᠨ ᠣᠬᠢ ᠮᠠᠩᠯᠠᠢ ᠪᠣᠯᠵᠤᠬᠤᠢ᠃  ᠬᠠᠨ ᠠᠭᠤᠯᠠᠨ ᠮᠡᠲᠦ ᠬᠦᠨᠳᠦ ᠦᠬᠦᠯ ᠬᠡᠮᠡᠭᠴᠢ ᠳᠠᠷᠤᠢ ᠡᠨᠡ ᠪᠣᠢ ᠊ᠶ᠎ᠠ !ᠨᠠᠢ᠍ᠮᠠᠳᠤᠭᠠᠷ ᠲᠤᠷ ᠲᠠᠢᠽᠦ ᠶ᠋ᠢᠨ ᠥᠨᠳᠥᠷ ᠢ᠋ ᠥᠪᠡᠷ ᠢ᠋ᠶ᠋ᠡᠨ ᠰᠤᠪᠢᠯᠠᠵᠤ᠂ ᠦᠷ᠎ᠡ ᠶ᠋ᠢ ᠬᠠᠲᠤᠨ ᠢ᠋ᠶ᠋ᠡᠷ ᠢ᠋ᠶ᠋ᠡᠨ ᠬᠠᠷᠠᠭᠠᠯᠵᠠᠭᠤᠯᠵᠤ᠂ ᠵᠦᠨᠳᠡᠢ ᠶ᠋ᠢ ᠵᠣᠭᠰᠣᠭ᠎ᠠ ᠪᠠᠷ ᠴᠠᠪᠴᠢᠭᠤᠯᠵᠤ᠂ ᠵᠣᠪᠠᠯᠠᠩ ᠵᠢᠷᠭᠠᠯᠠᠩ ᠢ᠋ ᠡᠨᠡ ᠮᠡᠲᠦ ᠬᠠᠮᠲᠤᠳᠬᠠᠬᠤ ᠪᠠᠷ ᠵᠠᠭᠤᠨ ᠲᠦᠰᠢᠮᠡᠳ ᠦ᠋ᠨ ᠰᠡᠳᠬᠢᠯ ᠬᠡᠷᠬᠢᠨ ᠦᠯᠦ ᠴᠢᠭᠤᠯᠤᠯᠳᠤᠮᠤᠢ ?  ᠵᠤᠵᠠᠭᠠᠨ ᠤᠯᠤᠰ ᠢ᠋ ᠬᠡᠷᠬᠢᠨ ᠪᠦᠲᠦᠯ ᠦᠭᠡᠢ ᠤᠯᠤᠰ ᠴᠢᠳᠠᠮᠤᠢ ? ᠬᠡᠳᠦᠢ ᠲᠡᠭᠷᠢ ᠲᠥᠷᠥᠭᠦᠯᠪᠡᠴᠦ ᠥᠪᠡᠷ ᠢ᠋ᠶ᠋ᠡᠨ ᠡᠰᠡ ᠵᠢᠳᠬᠦᠪᠡᠰᠦ ᠪᠣᠯᠤᠮᠤᠢ ᠤᠤ ? ᠡᠷᠲᠡᠨ ᠦ᠌ ᠴᠢᠨ ᠤᠯᠤᠰ ᠤ᠋ᠨ ᠱᠢ ᠬᠤᠸᠠᠩ ᠲᠡᠭᠷᠢ ᠶ᠋ᠢᠨ ᠲᠥᠷᠥᠭᠦᠯᠦᠭᠰᠡᠨ ᠪᠤᠰᠤ ᠤᠤ ? ᠶᠠᠪᠤᠭᠰᠠᠨ ᠠᠨᠤ ᠬᠠᠷᠭᠢᠰ ᠪᠣᠯᠤᠭᠰᠠᠨ ᠢ᠋ᠶ᠋ᠠᠷ ᠲᠡᠷᠡ ᠮᠡᠲᠦ ᠴᠢᠨ ᠤᠯᠤᠰ ᠬᠡᠳᠦᠬᠡᠨ ᠵᠢᠯ ᠪᠣᠯᠪᠠ ?  ᠶᠡᠬᠡ ᠶᠤᠸᠠᠨ ᠤᠯᠤᠰ ᠨᠢᠭᠡᠨ ᠵᠠᠭᠤᠨ ᠵᠢᠷᠠᠨ ᠬᠣᠶᠠᠷ ᠣᠨ ᠪᠣᠯᠵᠤᠬᠤᠢ ᠃