ᠬᠥᠬᠡ ᠰᠤᠳᠤᠷ - ᠢᠨᠵᠠᠨᠨᠠᠰᠢ < ᠬᠣᠷᠢᠨ ᠨᠢᠭᠡᠳᠦᠭᠡᠷ ᠪᠦᠯᠦᠭ > Хөх судар - Инжинаш <Хорин нэгдүгээр бүлэг >
ᠬᠣᠷᠢᠨ ᠨᠢᠭᠡᠳᠦᠭᠡᠷ ᠪᠦᠯᠦᠭ
ᠤᠷᠠᠨ ᠮᠣᠬᠤᠯᠢ ᠤᠷᠤᠰᠬᠠᠯ ᠢ᠋ ᠰᠢᠨᠵᠢᠵᠦ ᠤᠴᠢᠷ ᠢ᠋ ᠮᠡᠳᠡᠭᠡᠳ ᠤᠷᠪᠠᠭᠤᠯᠤᠨ ᠬᠡᠷᠡᠭᠯᠡᠵᠦ ᠳᠠᠢᠯᠠᠪᠠ
ᠤᠷᠰᠢᠭᠲᠤ ᠰᠠᠷᠯᠠᠭ ᠤᠮᠳᠠᠭ᠎ᠠ ᠬᠡᠪᠲᠡᠭᠡ ᠪᠡᠷ ᠤᠰᠤ ᠭᠠᠯ ᠳ᠋ᠤᠷ ᠤᠯᠤᠰ ᠡᠪᠳᠡᠷᠡᠵᠦ ᠮᠥᠬᠥᠪᠡ
ᠰᠥᠩ ᠨᠢᠩᠽᠦ᠋ᠩ ᠦ᠋ᠨ ᠴᠢᠩ ᠶᠤᠸᠠᠨ ᠤ᠋ ᠲᠡᠷᠢᠭᠦᠨ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠮᠢᠩ ᠴᠠᠩ ᠤ᠋ᠨ
ᠵᠢᠷᠭᠤᠳᠤᠭᠠᠷ ᠣᠨ ᠂ ᠲᠠᠢᠽᠦ ᠭᠤᠴᠢᠨ ᠳᠥᠷᠪᠡᠨ ᠨᠠᠰᠤᠨ ᠰᠡᠭᠦᠳᠡᠷ ᠲᠡᠢ ᠪᠠᠢᠭᠰᠠᠭᠠᠷ ᠂ ᠬᠥᠬᠡᠭᠴᠢᠨ ᠲᠠᠤᠯᠠᠢ ᠵᠢᠯ ᠪᠠᠢᠭᠰᠠᠭᠠᠷ ᠪᠤᠶᠤ
ᠤᠷᠠᠨ ᠮᠤᠬᠤᠯᠢ ᠤᠷᠤᠰᠬᠠᠯ ᠢ᠋ ᠰᠢᠨᠵᠢᠵᠦ ᠤᠴᠢᠷ ᠢ᠋ ᠮᠡᠳᠡᠭᠡᠳ ᠤᠷᠪᠠᠭᠤᠯᠤᠨ ᠬᠡᠷᠡᠭᠯᠡᠵᠦ ᠳᠠᠢᠯᠠᠪᠠ
ᠤᠷᠰᠢᠭᠲᠤ ᠰᠠᠷᠯᠠᠭ ᠤᠮᠳᠠᠭ᠎ᠠ ᠬᠡᠪᠲᠡᠭᠡ ᠪᠡᠷ ᠤᠰᠤ ᠭᠠᠯ ᠳ᠋ᠤᠷ ᠤᠯᠤᠰ ᠡᠪᠳᠡᠷᠡᠵᠦ ᠮᠥᠬᠥᠪᠡ
ᠤᠯᠤᠰ ᠤ᠋ᠨ ᠲᠥᠯᠥᠭᠡ ᠪᠡᠶ᠎ᠡ ᠪᠡᠨ ᠤᠮᠠᠷᠲᠠᠬᠤ ᠨᠢᠭᠡᠨ ᠰᠠᠢᠳ ᠢ᠋ ᠭᠠᠢᠬᠠᠬᠤᠶᠠ
ᠣᠯᠠᠨ ᠤ᠋ ᠡᠮᠦᠨ᠎ᠡ ᠠᠯᠢ ᠲᠡᠪᠴᠢᠬᠦ ᠳᠥᠷᠪᠡᠨ ᠵᠠᠩᠵᠤᠨ ᠢ᠋ ᠭᠠᠷᠭᠠᠪᠠ ᠂
ᠣᠶᠤᠨ ᠭᠦᠶᠦᠬᠡᠨ ᠰᠠᠷᠯᠠᠭ ᠤᠯᠤᠰ ᠤ᠋ᠨ ᠭᠤᠷᠪᠠᠨ ᠲᠦᠰᠢᠮᠡᠳ ᠢ᠋ ᠡᠯᠡᠭᠯᠡᠬᠦᠶᠡ
ᠤᠬᠢᠯᠠᠨ ᠵᠣᠭᠰᠣᠵᠤ ᠡᠭᠦᠳᠡ ᠰᠠᠬᠢᠭᠰᠠᠨ ᠭᠠᠭᠴᠠ ᠬᠥᠪᠡᠭᠦᠨ ᠢ᠋ ᠢᠯᠡᠷᠬᠡᠢᠯᠡᠪᠡ ᠃
ᠲᠡᠨᠳᠡᠴᠡ ᠰᠠᠷᠯᠠᠭ ᠤᠯᠤᠰ ᠤ᠋ᠨ ᠬᠠᠨᠳᠠᠭᠠᠢ ᠢᠷᠡᠵᠦ ᠂ ᠵᠠᠯᠮ᠎ᠠ ᠲᠠᠨ ᠢ᠋ 《 ᠲᠠ ᠦᠨᠡᠬᠡᠷ ᠮᠠᠨ ᠤ᠋ ᠰᠠᠷᠯᠠᠭ ᠤᠯᠤᠰ ᠲᠤᠷ ᠨᠢᠭᠡᠬᠡᠨ ᠴᠦ᠍ ᠬᠥᠮᠦᠨ ᠦᠭᠡᠢ ᠪᠡᠷ ᠦᠵᠡᠵᠦᠬᠦᠢ᠃》 ᠬᠡᠮᠡᠬᠦᠢ ᠳ᠋ᠦ᠍ᠷ ᠵᠡᠯᠮ᠎ᠡ ᠂ ᠬᠤᠳᠠᠭᠠᠨ᠎ᠠ ᠪᠡᠬᠢ ᠬᠣᠶᠠᠭᠤᠯᠠ ᠶᠡᠬᠡᠯ᠎ᠡ ᠬᠢᠷᠳᠡᠬᠢᠵᠦ ᠂ ᠬᠤᠳᠠᠭᠠᠨ᠎ᠠ ᠪᠡᠬᠢ ᠴᠢᠷᠠᠢ ᠪᠠᠨ ᠲᠥᠪ ᠪᠣᠯᠭᠠᠵᠤ ᠥᠭᠦᠯᠡᠷᠦᠨ᠄《 ᠲᠠᠨ ᠤ᠋ ᠤᠯᠤᠰ ᠲᠤᠷ ᠦᠨᠡᠬᠡᠷ ᠬᠥᠮᠦᠨ ᠦᠭᠡᠢ ᠪᠤᠰᠤ ᠶᠠᠭᠤᠨ ᠠᠵᠢ ? ᠬᠡᠷᠪᠡ ᠨᠢᠭᠡᠨ ᠰᠠᠢᠨ ᠲᠦᠰᠢᠮᠡᠯ ᠪᠠᠢᠭᠰᠠᠨ ᠪᠥᠭᠡᠰᠦ ᠶᠠᠭᠤᠨ ᠳ᠋ᠤᠷ ᠬᠣᠯᠠ ᠤᠯᠤᠰ ᠤ᠋ᠨ ᠰᠠᠢᠨ ᠢ᠋ᠶ᠋ᠠᠷ ᠡᠶᠡᠳᠡᠬᠦ ᠬᠦᠨᠳᠦ ᠪᠡᠯᠡᠭ ᠢ᠋ ᠡᠢᠨ ᠬᠦ᠌ ᠬᠤᠯᠠᠭᠠᠢ ᠪᠠᠷ ᠠᠪᠬᠤ ᠪᠣᠢ ?》 ᠬᠡᠮᠡᠭᠡᠳ ᠦᠯᠦ ᠮᠡᠳᠡᠭᠴᠢ ᠪᠡᠷ ᠰᠠᠭᠤᠬᠤᠢ ᠳ᠋ᠤᠷ ᠬᠠᠨᠳᠠᠭᠠᠢ ᠪᠠᠬᠠᠨ ᠢᠨᠢᠶᠡᠵᠦ ᠥᠭᠦᠯᠡᠷᠦᠨ᠄《ᠲᠠ ᠪᠠᠰᠠ ᠲᠠᠢᠯᠵᠤ ᠬᠡᠯᠡᠮᠦᠢ ᠦᠦ ? ᠲᠡᠢᠮᠦ ᠪᠣᠯᠪᠠᠰᠤ ᠲᠠᠨ ᠤ᠋ ᠨᠢᠭᠡᠨ ᠠᠳᠤᠭᠤᠨ ᠤ᠋ ᠯᠠᠢ ᠬᠣᠭ ᠤ᠋ᠨ ᠭᠠᠯ ᠢ᠋ᠶ᠋ᠠᠷ ᠨᠢᠭᠡᠨ ᠶᠡᠬᠡ ᠰᠠᠷᠯᠠᠭ ᠤᠯᠤᠰ ᠤ᠋ᠨ ᠣᠯᠠᠨ ᠢ᠋ ᠰᠠᠷᠨᠢᠭᠤᠯᠬᠤ ᠠᠷᠭ᠎ᠠ ᠶ᠋ᠢ ᠪᠢ ᠴᠥᠮ ᠪᠠᠷᠬᠢᠷᠠᠨ ᠵᠠᠳᠠᠷᠠᠭᠤᠯᠪᠠᠰᠤ ᠶᠠᠮᠪᠠᠷ ?》 ᠬᠡᠮᠡᠭᠰᠡᠨ ᠳ᠋ᠦ᠍ᠷ ᠵᠡᠯᠮ᠎ᠡ ᠪᠣᠳᠣᠪᠠᠴᠤ ᠡᠨᠡ ᠬᠥᠮᠦᠨ ᠢ᠋ ᠡᠩ ᠦ᠋ᠨ ᠬᠥᠮᠦᠨ ᠦ᠌ ᠶᠣᠰᠣᠭᠠᠷ ᠦᠵᠡᠵᠦ ᠦᠯᠦ ᠪᠣᠯᠬᠤ ᠲᠤᠯᠠ ᠠᠷᠭ᠎ᠠ ᠦᠭᠡᠢ ᠰᠢᠷᠬ᠎ᠠ ᠪᠠᠨ ᠬᠦᠯᠢᠴᠡᠨ ᠪᠣᠰᠴᠤ ᠰᠠᠭᠤᠭᠠᠳ ᠥᠭᠦᠯᠡᠷᠦᠨ᠄《ᠡᠷᠭᠢᠨ ᠴᠢ ᠨᠢᠭᠡᠨᠲᠡ ᠮᠠᠨ ᠤ᠋ ᠰᠢᠷᠬᠠᠲᠤ ᠡᠯᠴᠢ ᠶ᠋ᠢ ᠡᠷᠢᠨ ᠢᠷᠡᠭᠰᠡᠨ ᠲᠤᠯᠠ ᠡᠷᠬᠡᠪᠰᠢ ᠮᠠᠨ ᠳ᠋ᠤᠷ ᠰᠤᠷᠭᠠᠵᠤ ᠰᠤᠪᠢᠬᠤ ᠰᠠᠢᠨ ᠭᠠᠵᠠᠷ ᠪᠣᠢ ᠂ ᠮᠠᠨ ᠳ᠋ᠤᠷ ᠰᠤᠷᠭᠠᠬᠤ ᠰᠠᠢᠨ ᠭᠠᠵᠠᠷ ᠪᠦᠬᠦᠢ ᠢᠨᠤ ᠮᠠᠭᠠᠳ ᠮᠠᠨ ᠤ᠋ ᠢᠪᠡᠭᠡᠯᠲᠦ ᠠᠬ᠎ᠠ ᠳᠡᠭᠦᠦ ᠪᠣᠯᠠᠢ ! ᠨᠢᠭᠡᠨᠲᠡ ᠮᠠᠨ ᠤ᠋ ᠢᠪᠡᠭᠡᠯᠳᠦ ᠠᠬ᠎ᠠ ᠳᠡᠭᠦᠦ ᠪᠣᠯᠪᠠᠰᠤ ᠂ ᠮᠠᠭᠠᠳ ᠪᠠᠰᠠ ᠮᠠᠨᠳᠤᠨ ᠪᠠᠳᠠᠷᠠᠬᠤ ᠮᠠᠨ ᠤ᠋ ᠤᠯᠤᠰ ᠤ᠋ᠨ ᠡᠷᠭᠢᠨ ᠲᠦᠰᠢᠮᠡᠯ ᠪᠣᠯᠠᠢ ᠃ ᠡᠷ᠎ᠡ ᠬᠥᠮᠦᠨ ᠂ ᠡᠮᠡᠭᠡᠯᠲᠦ ᠮᠣᠷᠢ ᠬᠠᠮᠢᠭ᠎ᠠ ᠬᠦᠷᠬᠦ ᠶ᠋ᠢ ᠪᠣᠯᠵᠣᠪᠠᠰᠤ ᠪᠣᠯᠤᠮᠤᠢ ᠤᠤ ? ᠡᠭᠦᠨ ᠦ᠌ ᠲᠤᠯᠠ ᠪᠠᠰᠠ ᠪᠠᠷᠬᠢᠷᠠᠬᠤ ᠶᠠᠭᠤᠨ ᠬᠡᠷᠡᠭ !》ᠬᠡᠮᠡᠭᠰᠡᠨ ᠳ᠋ᠦ᠍ᠷ ᠬᠤᠳᠠᠭᠠᠨ᠎ᠠ ᠪᠡᠬᠢ ᠲᠣᠪᠬᠢᠲᠠᠯ᠎ᠠ ᠵᠡᠯᠮ᠎ᠡ ᠶ᠋ᠢᠨ ᠰᠠᠨᠠᠭᠠᠨ ᠢ᠋ ᠤᠬᠠᠵᠤ ᠮᠡᠳᠡᠭᠡᠳ ᠪᠠᠰᠠ ᠵᠠᠯᠭᠠᠵᠤ ᠥᠭᠦᠯᠡᠷᠦᠨ᠄《 ᠭᠠᠮᠰᠢᠭ ᠲᠤᠷ ᠲᠣᠬᠢᠶᠠᠯᠳᠤᠭᠰᠠᠨ ᠭᠠᠵᠠᠷ ᠠ᠋ᠴᠠ ᠪᠠᠨ ᠬᠠᠭᠠᠴᠠᠭᠰᠠᠨ ᠮᠠᠨ ᠢ᠋ ᠭᠠᠷ ᠢ᠋ᠶ᠋ᠠᠨ ᠰᠤᠩᠭᠠᠵᠤ ᠂ ᠭᠠᠴᠢᠭᠳᠠᠯ ᠠ᠋ᠴᠠ ᠭᠠᠷᠭᠠᠭᠰᠠᠨ ᠴᠠᠭ ᠲᠤᠷ ᠭᠠᠢᠭᠤᠢ ᠂ ᠪᠢᠳᠡ ᠠᠴᠢ ᠬᠠᠷᠢᠭᠤᠯᠠᠬᠤ ᠴᠠᠭ ᠪᠣᠢ 》 ᠬᠡᠮᠡᠭᠰᠡᠨ ᠳ᠋ᠦ᠍ᠷ ᠵᠠᠯᠮ᠎ᠠ ᠪᠠᠰᠠ ᠵᠠᠯᠭᠠᠨ ᠥᠭᠦᠯᠡᠷᠦᠨ᠄《 ᠡᠩ ᠡᠷᠲᠡᠨ ᠦ᠌ ᠦᠭᠡ ᠳ᠋ᠦ᠍ᠷ < ᠡᠪᠳᠡᠷᠡᠬᠦ ᠤᠯᠤᠰ ᠲᠤᠷ ᠪᠢᠲᠡᠭᠡᠢ ᠵᠢᠳᠬᠦ ᠂ ᠡᠩᠬᠡᠵᠢᠬᠦ ᠤᠯᠤᠰ ᠲᠤᠷ ᠪᠦᠦ ᠮᠠᠷᠭᠤ > ᠬᠡᠮᠡᠵᠦᠬᠦᠢ》ᠬᠡᠮᠡᠭᠰᠡᠨ ᠳ᠋ᠦ᠍ᠷ ᠬᠠᠨᠳᠠᠭᠠᠢ ᠬᠠᠷᠬᠢᠷᠠᠲᠠᠯᠠ ᠤᠷᠲᠤ ᠰᠡᠭᠦᠷᠡᠰᠦᠨ ᠠᠯᠳᠠᠵᠤ ᠥᠭᠦᠯᠡᠷᠦᠨ᠄《 ᠠᠢ ᠮᠠᠨ ᠤ᠋ ᠤᠯᠤᠰ ᠬᠣᠪᠴᠢ ᠳ᠋ᠤᠷ ᠬᠠᠭᠤᠷᠲᠠᠵᠤ ᠂ ᠴᠢᠬᠡᠴᠢ ᠶ᠋ᠢ ᠵᠢᠭᠰᠢᠪᠡ ᠂ ᠬᠤᠪᠢᠷᠠᠨ ᠪᠦᠷᠢᠯᠬᠦ ᠬᠣᠯᠠ ᠦᠭᠡᠢ ᠪᠣᠯᠪᠠ ᠂ ᠬᠣᠭᠣᠰᠣᠨ ᠰᠦᠷ ᠲᠣᠷ ᠬᠣᠮᠣᠬᠠᠯᠵᠠᠬᠤ ᠰᠠᠨᠠᠭᠠᠨ ᠢ᠋ᠶ᠋ᠠᠷ ᠶᠡᠬᠡ ᠬᠡᠷᠡᠭ ᠪᠦᠲᠦᠬᠦᠶ᠎ᠡ ᠪᠡᠷᠬᠡ ᠂ ᠬᠣᠬᠣᠢ ᠪᠢ ᠶᠠᠭᠤᠨ ᠢ᠋ ᠨᠢᠭᠤᠬᠤ ᠪᠣᠢ ?》 ᠬᠡᠮᠡᠭᠡᠳ ᠥᠪᠡᠷ ᠦ᠋ᠨ ᠬᠣᠷᠢᠭᠯᠠᠨ ᠬᠡᠯᠡᠭᠰᠡᠨ ᠪᠠ ᠡᠵᠡᠨ ᠢᠨᠤ ᠦᠭᠡ ᠶ᠋ᠢ ᠡᠰᠡ ᠠᠪᠤᠭᠰᠠᠨ ᠢ᠋ ᠬᠡᠯᠡᠵᠦ ᠪᠠᠰᠠ ᠨᠢᠭᠡᠨᠲᠡ ᠲᠦᠰᠢᠮᠡᠯ ᠢ᠋ᠶ᠋ᠡᠨ ᠠᠪᠲᠠᠵᠤ ᠂ ᠤᠯᠤᠰ ᠢ᠋ᠶ᠋ᠠᠨ ᠬᠠᠮᠠᠭᠠᠯᠠᠵᠤ ᠡᠰᠡ ᠴᠢᠳᠠᠬᠤ ᠪᠣᠯᠤᠭᠰᠠᠨ ᠢ᠋ᠶ᠋ᠠᠨ ᠬᠡᠯᠡᠵᠦ ᠂ ᠭᠠᠭᠴᠠ ᠣᠳᠣ ᠭᠡᠷ ᠢ᠋ᠶ᠋ᠡᠨ ᠬᠠᠮᠠᠭᠠᠯᠠᠰᠤᠭᠠᠢ ᠬᠡᠮᠡᠬᠦ ᠦᠨᠡᠨ ᠰᠠᠨᠠᠭ᠎ᠠ ᠪᠠᠨ ᠬᠡᠯᠡᠭᠰᠡᠨ ᠳ᠋ᠦ᠍ᠷ ᠵᠡᠯᠮ᠎ᠡ ᠲᠠᠨ ᠶᠡᠬᠡᠯ᠎ᠡ ᠪᠠᠶᠠᠷᠯᠠᠨ ᠰᠢᠷᠬ᠎ᠠ ᠶ᠋ᠢᠨ ᠴᠢᠰᠤ ᠪᠠᠨ ᠰᠠᠴᠤᠵᠤ ᠲᠠᠩᠭᠠᠷᠢᠭᠯᠠᠨ ᠪᠠᠲᠤᠳᠠ ᠬᠦᠯᠢᠶᠡᠨ ᠠᠪᠤᠪᠠ ᠃
ᠲᠡᠭᠦᠨᠴᠡ ᠰᠠᠭᠠᠷ ᠂ ᠤᠬᠠᠭᠠᠨᠲᠤ ᠂ ᠳᠠᠷᠪᠡ ᠂ ᠵᠠᠮᠤᠬ᠎ᠠ ᠬᠠᠷᠠᠬᠠᠨ ᠮᠥᠷᠡᠨ ᠢ᠋ ᠲᠣᠰᠴᠤ ᠤᠰᠤ ᠶ᠋ᠢ ᠪᠢᠯᠬᠠᠨ ᠰᠠᠭᠠᠳᠠᠭᠤᠯᠤᠨ ᠴᠡᠷᠢᠭ ᠪᠦᠭᠭᠦᠭᠦᠯᠵᠦ ᠂ ᠭᠠᠯ ᠢ᠋ ᠪᠡᠯᠡᠳᠬᠡᠭᠦᠯᠦᠨ ᠪᠥᠬᠥᠶ᠎ᠡ ᠂ ᠥᠪᠡᠷ ᠪᠤᠰᠤᠳ ᠤ᠋ᠨ ᠴᠡᠷᠢᠭ ᠢ᠋ ᠪᠠᠢᠴᠠᠭᠠᠬᠤ ᠲᠦᠰᠢᠮᠡᠯ ᠢᠷᠡᠵᠦ ᠮᠡᠳᠡᠭᠦᠯᠦᠷᠦᠨ :《 ᠭᠠᠳᠠᠨ᠎ᠠ ᠠ᠋ᠴᠠ ᠢᠷᠡᠭᠰᠡᠨ ᠪᠠ ᠮᠠᠨ ᠤ᠋ ᠥᠪᠡᠷ ᠦ᠋ᠨ ᠤᠯᠤᠰ ᠤ᠋ᠨ ᠴᠡᠷᠢᠭ ᠡᠨᠡ ᠨᠢᠭᠡᠨ ᠤᠳᠠᠭ᠎ᠠ ᠨᠡᠩᠵᠢᠨ ᠪᠠᠢᠴᠠᠭᠠᠭᠰᠠᠨ ᠳ᠋ᠤᠷ ᠥᠪᠡᠷ᠎ᠡ ᠪᠠ ᠪᠤᠰᠤᠳ ᠤ᠋ᠨ ᠪᠦᠭᠦᠳᠡᠭᠡᠷ ᠰᠡᠳᠬᠢᠯ ᠬᠤᠪᠢᠰᠴᠤ ᠭᠠᠳᠠᠨ᠎ᠠ ᠠ᠋ᠴᠠ ᠢᠷᠡᠭᠰᠡᠨ ᠪᠦᠭᠦᠳᠡᠭᠡᠷ ᠡᠭᠡᠬᠦ ᠦᠭᠡ ᠶ᠋ᠢ ᠬᠡᠯᠡᠯᠴᠡᠮᠦᠢ ᠃ 》ᠬᠡᠮᠡᠭᠰᠡᠨ ᠳ᠋ᠦ᠍ᠷ ᠵᠠᠮᠤᠬ᠎ᠠ ᠂ ᠰᠠᠭᠠᠷ ᠲᠠᠨ ᠶᠡᠬᠡᠯ᠎ᠡ ᠰᠣᠴᠢᠵᠤ ᠵᠥᠪᠳᠡᠯᠴᠡᠬᠦᠶᠡ ᠂ ᠬᠢᠵᠠᠭᠠᠷ ᠤ᠋ᠨ ᠲᠤᠷᠰᠢᠭᠤᠯ ᠪᠠᠰᠠ ᠳᠣᠪᠲᠣᠯᠤᠨ ᠢᠷᠡᠵᠦ ᠮᠡᠳᠡᠭᠦᠯᠦᠷᠦᠨ :《 ᠪᠧᠲ᠋ᠠ᠋ ᠤᠯᠤᠰ ᠤ᠋ᠨ ᠡᠵᠡᠨ ᠦᠨᠡᠬᠡᠷ ᠬᠦᠷᠴᠦ ᠢᠷᠡᠪᠡ !》ᠬᠡᠮᠡᠭᠰᠡᠨ ᠳ᠋ᠦ᠍ᠷ ᠬᠣᠲᠠ ᠶ᠋ᠢᠨ ᠬᠣᠲᠠᠯᠠᠭᠠᠷ ᠲᠣᠭᠣᠭ᠎ᠠ ᠪᠤᠴᠠᠯᠤᠨ ᠂ ᠵᠦᠩ ᠬᠡᠩᠭᠡᠷᠭᠡ ᠬᠠᠷᠠᠩᠭ᠎ᠠ ᠬᠠᠮᠲᠤ ᠳᠠᠭᠤᠷᠢᠰᠴᠤ ᠵᠠᠯᠢᠲᠤ ᠬᠠᠭᠠᠨ ᠪᠡᠶ᠎ᠡ ᠪᠡᠷ ᠠᠷᠪᠠᠨ ᠬᠣᠶᠠᠷ ᠲᠦᠮᠡᠨ ᠴᠡᠷᠢᠭ ᠢ᠋ᠶ᠋ᠡᠨ ᠠᠪᠴᠤ ᠫᠤᠤ ᠲᠠᠯᠪᠢᠵᠤ ᠂ ᠪᠧᠲ᠋ᠠ᠋ ᠤᠯᠤᠰ ᠤ᠋ᠨ ᠴᠡᠷᠢᠭ ᠢ᠋ ᠡᠰᠡᠷᠭᠦ ᠢᠨᠤ ᠤᠭᠲᠤᠨ ᠡᠴᠢᠵᠦ ᠰᠠᠷᠯᠠᠭ ᠮᠥᠷᠡᠨ ᠦ᠌ ᠬᠣᠢᠲᠤ ᠬᠥᠪᠡᠭᠡ ᠳ᠋ᠦ᠍ᠷ ᠪᠠᠭᠤᠯᠭᠠᠪᠠ ᠃
ᠪᠧᠲ᠋ᠠ᠋ ᠤᠯᠤᠰ ᠤ᠋ᠨ ᠴᠡᠷᠢᠭ ᠳᠠᠷᠠᠭ᠎ᠠ ᠪᠠᠷ ᠬᠦᠷᠴᠦ ᠢᠷᠡᠭᠡᠳ ᠰᠠᠷᠯᠠᠭ ᠮᠥᠷᠡᠨ ᠦ᠌ ᠡᠮᠦᠨ᠎ᠡ ᠤᠰᠤᠨ ᠳᠠᠩ ᠳ᠋ᠤᠷ ᠪᠠᠭᠤᠳᠠᠯᠯᠠᠪᠠ ᠃ ᠲᠡᠳᠦᠢ ᠮᠤᠬᠤᠯᠢ ᠮᠥᠨ ᠬᠦ᠌ ᠡᠶᠡᠳᠡᠬᠦ ᠶᠣᠰᠣᠭᠠᠷ ᠬᠤᠢᠯᠠᠲᠠᠷ ᠬᠣᠰᠢᠭᠤᠴᠢ ᠪᠠ ᠭᠢᠯᠦᠭᠡᠨ ᠪᠠᠭᠠᠲᠤᠷ ᠬᠣᠶᠠᠭᠤᠯᠠ ᠶ᠋ᠢ ᠵᠠᠯᠢᠲᠤ ᠬᠠᠭᠠᠨ ᠤ᠋ ᠠᠮᠤᠷ ᠮᠡᠨᠳᠦ ᠶ᠋ᠢ ᠡᠷᠢᠭᠦᠯᠦᠷ᠎ᠡ ᠢᠯᠡᠭᠡᠬᠦᠢ ᠳ᠋ᠦ᠍ᠷ ᠰᠤᠷᠭᠠᠨ ᠥᠭᠦᠯᠡᠷᠦᠨ᠄《 ᠵᠠ ᠡᠨᠡ ᠤᠳᠠᠭ᠎ᠠ ᠣᠳᠣ ᠲᠠᠨ ᠤ᠋ ᠣᠷᠣᠬᠤ ᠡᠭᠡᠬᠦ ᠵᠠᠮ ᠢ᠋ᠶ᠋ᠠᠨ ᠰᠠᠢᠬᠠᠨ ᠦᠵᠡᠵᠦ ᠢᠷ᠎ᠡ !》 ᠭᠡᠮᠡᠨ ᠢᠯᠡᠭᠡᠪᠡ ᠃ ᠲᠡᠳᠦᠢ ᠬᠣᠶᠠᠭᠤᠯᠠ ᠬᠣᠭᠣᠰᠣᠨ ᠭᠠᠷ ᠬᠣᠶᠠᠷ ᠨᠢᠳᠤᠷᠭ᠎ᠠ ᠪᠠᠷ ᠰᠠᠷᠯᠠᠭ ᠮᠥᠷᠡᠨ ᠢ᠋ ᠭᠡᠲᠦᠯᠵᠦ ᠂ ᠰᠠᠷᠯᠠᠭ ᠤ᠋ᠨ ᠴᠡᠷᠢᠭ ᠦ᠋ᠨ ᠬᠦᠷᠢᠶᠡᠨ ᠦ᠌ ᠲᠥᠪ ᠦ᠋ᠨ ᠬᠠᠭᠠᠯᠭ᠎ᠠ ᠳ᠋ᠤᠷ ᠬᠦᠷᠴᠦ ᠤᠴᠢᠷ ᠢ᠋ᠶ᠋ᠠᠨ ᠮᠡᠳᠡᠭᠦᠯᠦᠨ ᠵᠠᠯᠢᠲᠤ ᠬᠠᠭᠠᠨ ᠳ᠋ᠤᠷ ᠵᠣᠯᠭᠠᠵᠤ ᠂ ᠠᠮᠤᠷ ᠡᠷᠢᠬᠦ ᠠᠯᠲᠠ ᠮᠥᠩᠭᠥᠨ ᠦ᠌ ᠬᠦᠨᠳᠦ ᠪᠡᠯᠡᠭ ᠢ᠋ᠶ᠋ᠡᠨ ᠲᠤᠰᠢᠶᠠᠭᠠᠳ ᠮᠥᠷᠭᠥᠬᠦᠢ ᠳ᠋ᠦ᠍ᠷ ᠵᠠᠯᠢᠲᠤ ᠬᠠᠭᠠᠨ ᠵᠠᠷᠯᠢᠭ ᠪᠣᠯᠤᠷᠤᠨ᠄《 ᠲᠠᠨ ᠤ᠋ ᠲᠡᠨᠳᠡ ᠡᠴᠡ ᠢᠷᠡᠭᠰᠡᠨ ᠵᠠᠯᠮ᠎ᠠ ᠂ ᠬᠤᠳᠠᠭᠠᠨ᠎ᠠ ᠪᠡᠬᠢ ᠨᠡᠷᠡᠲᠦ ᠬᠣᠶᠠᠷ ᠡᠯᠴᠢ ᠲᠠᠨ ᠤ᠋ ᠡᠵᠡᠨ ᠦ᠌ ᠡᠶᠡᠳᠡᠷᠡ ᠢᠯᠡᠭᠡᠭᠰᠡᠨ ᠮᠢᠩᠭᠠᠨ ᠠᠴᠢᠶ᠎ᠠ ᠪᠡᠯᠡᠭ ᠢ᠋ ᠨᠡᠢᠲᠡ ᠪᠡᠷ ᠴᠥᠮ ᠬᠤᠯᠠᠭᠠᠢ ᠳ᠋ᠤᠷ ᠠᠪᠲᠠᠵᠤ ᠂ ᠪᠡᠶ᠎ᠡ ᠰᠢᠷᠬᠠᠲᠤᠭᠠᠳ ᠮᠢᠨᠦ ᠬᠣᠲᠠᠨ ᠳ᠋ᠤᠷ ᠰᠤᠪᠢᠯᠠᠮᠤᠢ᠃ ᠲᠡᠢᠨ ᠪᠣᠯᠪᠠᠴᠤ ᠪᠢ ᠪᠠᠰᠠ ᠬᠦ᠌ ᠲᠠᠨ ᠤ᠋ ᠡᠵᠡᠨ ᠦ᠌ ᠡᠯᠪᠡᠷᠢᠯᠲᠦ ᠰᠡᠳᠬᠢᠯ ᠢ᠋ ᠪᠣᠳᠣᠵᠤ ᠂ ᠥᠷᠥᠰᠢᠶᠡᠨ ᠨᠢᠭᠦᠯᠡᠰᠴᠦ ᠣᠰᠣᠯᠳᠠᠭᠰᠠᠨ ᠡᠯᠴᠢ ᠶ᠋ᠢ ᠪᠠᠰᠠ ᠬᠦ᠌ ᠠᠯᠠᠭᠰᠠᠨ ᠦᠭᠡᠢ ᠦᠯᠡᠳᠡᠭᠡᠨ ᠲᠡᠵᠢᠭᠡᠭᠰᠡᠭᠡᠷ ᠪᠣᠢ ᠃》ᠬᠡᠮᠡᠭᠰᠡᠨ ᠳ᠋ᠦ᠍ᠷ ᠬᠤᠢᠯᠠᠳᠠᠷ ᠬᠣᠰᠢᠭᠤᠴᠢ ᠠᠰᠠᠭᠤᠷᠤᠨ ᠄《 ᠮᠠᠨ ᠤ᠋ ᠡᠯᠴᠢ ᠯᠠᠪ ᠢᠷᠡᠬᠦ ᠵᠠᠮ ᠳ᠋ᠤᠷ ᠢ᠋ᠶ᠋ᠠᠨ ᠬᠤᠯᠠᠭᠠᠢ ᠳ᠋ᠤᠷ ᠠᠪᠲᠠᠪᠠᠢ ᠶᠠ ᠂ ᠶᠠᠭᠤᠨ ᠳ᠋ᠤᠷ ᠤᠯᠤᠰ ᠲᠤᠷ ᠡᠭᠡᠵᠦ ᠴᠡᠷᠢᠭ ᠢ᠋ᠶ᠋ᠡᠷ ᠡᠰᠡ ᠨᠡᠬᠡᠪᠡ ? 》 ᠵᠠᠯᠢᠲᠤ ᠬᠠᠭᠠᠨ ᠡᠨᠡ ᠦᠭᠡ ᠳ᠋ᠦ᠍ᠷ ᠠᠮᠠ ᠪᠥᠭᠯᠡᠭᠳᠡᠵᠦ ᠨᠡᠯᠢᠶᠡᠳ ᠤᠳᠠᠵᠤ ᠰᠠᠶᠢ ᠥᠭᠦᠯᠡᠷᠦᠨ ᠄《 ᠬᠡᠳᠦᠢᠪᠡᠷ ᠵᠠᠮ ᠳ᠋ᠤᠷ ᠠᠯᠳᠠᠭᠰᠠᠨ ᠦᠭᠡᠢ ᠂ ᠮᠢᠨᠦ ᠬᠣᠲᠠ ᠶ᠋ᠢᠨ ᠳᠣᠣᠷ᠎ᠠ ᠠᠯᠳᠠᠭᠰᠠᠨ ᠪᠣᠯᠪᠠᠴᠤ ᠡᠭᠡᠨᠡᠭᠲᠡ ᠲᠣᠳᠣᠷᠬᠠᠢ ᠦᠭᠡᠢ ᠂ ᠮᠠᠰᠢ ᠰᠡᠵᠢᠭᠯᠡᠯᠲᠡᠢ ᠪᠣᠯᠠᠢ ᠃ 》 ᠭᠢᠯᠦᠭᠡᠨ ᠪᠠᠭᠠᠲᠤᠷ ᠲᠣᠰᠴᠤ ᠥᠭᠦᠯᠡᠷᠦᠨ᠄《 ᠲᠡᠢᠮᠦ ᠪᠣᠯᠪᠠᠰᠤ ᠯᠠᠪ ᠮᠠᠨ ᠤ᠋ ᠡᠯᠴᠢ ᠥᠪᠡᠷ ᠢ᠋ᠶ᠋ᠡᠨ ᠠᠪᠤᠪᠠᠢ ᠶᠠ ᠂ ᠲᠡᠭᠦᠨ ᠦ᠌ ᠬᠦᠷᠢᠶ᠎ᠡ ᠪᠠ ᠭᠠᠵᠠᠷ ᠪᠠᠭᠤᠳᠠᠯ ᠢ᠋ ᠡᠰᠡ ᠨᠡᠩᠵᠢᠪᠡᠦ ?》 ᠵᠠᠯᠢᠲᠤ ᠬᠠᠭᠠᠨ ᠥᠭᠦᠯᠡᠷᠦᠨ᠄《ᠥᠪᠡᠷ ᠪᠤᠰᠤᠳ ᠢ᠋ ᠴᠥᠮ ᠨᠡᠩᠵᠢᠭᠡᠳ ᠣᠯᠤᠭᠰᠠᠨ ᠦᠭᠡᠢ ᠃ 》 ᠬᠣᠢᠯᠠᠳᠠᠷ ᠥᠭᠦᠯᠡᠷᠦᠨ᠄《 ᠮᠢᠩᠭᠠᠨ ᠠᠴᠢᠶ᠎ᠠ ᠬᠡᠮᠡᠭᠴᠢ ᠪᠠᠭ᠎ᠠ ᠶᠠᠭᠤᠮ᠎ᠠ ᠪᠤᠰᠤ ᠂ ᠪᠠᠭᠠᠬᠠᠨ ᠭᠠᠵᠠᠷ ᠪᠠᠭᠲᠠᠬᠤ ᠠᠨᠤ ᠪᠤᠰᠤ ᠂ ᠥᠴᠦᠬᠡᠨ ᠴᠦ᠍ ᠦᠯᠦ ᠰᠡᠷᠡᠭᠳᠡᠬᠦ ᠶᠣᠰᠣ ᠪᠣᠢ ᠤᠤ ? 》 ᠬᠡᠮᠡᠭᠰᠡᠨ᠎ᠡ ᠂ ᠵᠠᠯᠢᠲᠤ ᠬᠠᠭᠠᠨ ᠦᠭᠡ ᠬᠠᠭᠠᠭᠳᠠᠵᠤ ᠳᠠᠭᠤᠨ ᠦᠭᠡᠢ ᠪᠣᠯᠤᠭᠰᠠᠨ ᠳ᠋ᠤᠷ ᠬᠠᠵᠠᠭᠤ ᠠ᠋ᠴᠠ ᠤᠬᠠᠭᠠᠨᠲᠤ ᠤᠭᠲᠤᠵᠤ ᠥᠭᠦᠯᠡᠷᠦᠨ᠄《 ᠮᠥᠷ ᠢ᠋ ᠬᠡᠳᠦᠢ ᠭᠠᠷᠭᠠᠭᠰᠠᠨ ᠪᠣᠯᠪᠠᠴᠤ ᠴᠥᠮ ᠤᠴᠢᠷ ᠲᠤᠷ ᠨᠡᠢᠴᠡᠬᠦ ᠦᠭᠡᠢ ᠃ 》 ᠬᠡᠮᠡᠭᠰᠡᠨ ᠳ᠋ᠦ᠍ᠷ ᠬᠣᠢᠯᠠᠳᠠᠷ ᠪᠠᠰᠠ ᠠᠰᠠᠭᠤᠷᠤᠨ ᠄《 ᠮᠠᠨ ᠤ᠋ ᠡᠯᠴᠢ ᠰᠢᠷᠬᠠᠲᠤᠵᠤ ᠰᠤᠪᠢᠯᠠᠮᠤᠢ ᠬᠡᠮᠡᠭᠴᠢ ᠢᠨᠦ ᠶᠠᠭᠤᠨ ?》 ᠤᠬᠠᠭᠠᠨᠲᠤ ᠥᠭᠦᠯᠡᠷᠦᠨ᠄ 《 ᠬᠡᠳᠦᠨ ᠰᠢᠷᠬ᠎ᠠ ᠪᠠᠢᠪᠠᠴᠤ ᠴᠥᠮ ᠬᠦᠨᠳᠦ ᠪᠤᠰᠤ ᠃ 》 ᠬᠣᠢᠯᠠᠳᠠᠷ ᠠᠰᠠᠭᠤᠷᠤᠨ ᠄ 《 ᠬᠦᠨᠳᠦ ᠴᠦ᠍ ᠪᠣᠯᠪᠠ ᠂ ᠬᠥᠩᠭᠡᠨ ᠴᠦ᠍ ᠪᠣᠯᠪᠠ ᠂ ᠡᠭᠡᠨᠡᠭᠲᠡ ᠶᠠᠭᠠᠬᠢᠨ ᠰᠢᠷᠬᠠᠲᠤᠪᠠ ?》 ᠬᠡᠮᠡᠭᠰᠡᠨ ᠳ᠋ᠦ᠍ᠷ ᠂ ᠤᠬᠠᠭᠠᠨᠲᠤ ᠶ᠋ᠢᠨ ᠤᠷᠤᠭᠤᠯ ᠪᠠᠰᠠ ᠬᠤᠰᠤᠭᠳᠠᠵᠤ ᠣᠨᠳᠣᠢᠵᠤ ᠵᠣᠭᠰᠣᠪᠠ ᠃
ᠲᠡᠳᠦᠢ ᠭᠢᠯᠦᠭᠡᠨ ᠪᠠᠭᠠᠲᠤᠷ ᠬᠤᠢᠯᠠᠲᠠᠷ ᠬᠣᠰᠢᠭᠤᠴᠢ ᠶ᠋ᠢᠨ ᠦᠭᠡᠨ ᠳ᠋ᠦ᠍ᠷ ᠡᠵᠡᠨ ᠲᠦᠰᠢᠮᠡᠯ ᠬᠣᠶᠠᠭᠤᠯᠠ ᠬᠤᠰᠤᠭᠳᠠᠭᠠᠳ ᠢᠴᠢᠩᠭᠦᠷᠡᠯ ᠬᠤᠪᠢᠯᠤᠨ ᠬᠢᠯᠢᠩ ᠪᠣᠯᠤᠭᠠᠳ ᠵᠠᠯᠢᠲᠤ ᠬᠠᠭᠠᠨ ᠵᠠᠩᠳᠠᠨ ᠪᠠᠷᠬᠢᠷᠠᠵᠤ ᠥᠭᠦᠯᠡᠷᠦᠨ᠄《 ᠪᠢ ᠬᠡᠷᠪᠡ ᠲᠡᠮᠦᠵᠢᠨ ᠬᠥᠪᠡᠭᠦᠨ ᠦ᠌ ᠳᠠᠭᠠᠷ᠎ᠠ ᠢᠷᠡᠭᠰᠡᠨ ᠢ᠋ ᠡᠰᠡ ᠪᠣᠳᠣᠪᠠᠰᠤ ᠂ ᠡᠨᠡ ᠬᠣᠶᠠᠷ ᠴᠢᠳᠬᠥᠷ ᠪᠣᠭᠣᠯ ᠢ᠋ ᠴᠢᠷᠦᠨ ᠭᠠᠷᠭᠠᠯᠭᠠᠵᠤ ᠴᠠᠪᠴᠢᠯᠬᠢᠯᠠᠬᠤ ᠪᠥᠯᠥᠭᠡ ᠂ ᠶᠠᠮᠪᠠᠷ ᠰᠠᠪᠠᠭ᠎ᠠ ᠦᠭᠡᠢ ᠰᠠᠮᠠᠭᠤᠨ ᠥᠭᠡᠰᠲᠦ ᠪᠣᠭᠣᠯᠴᠤᠳ ᠪᠣᠢ ! ᠭᠠᠷᠴᠠᠭ᠎ᠠ ! 》 ᠭᠡᠮᠡᠨ ᠵᠠᠩᠳᠠᠨ ᠦᠯᠳᠡᠵᠦ ᠭᠠᠷᠭᠠᠪᠠ ᠃ ᠬᠣᠢᠯᠠᠳᠠᠷ ᠂ ᠭᠢᠯᠦᠭᠡᠨ ᠬᠣᠶᠠᠭᠤᠯᠠ ᠬᠣᠢᠰᠢ ᠡᠭᠡᠵᠦ ᠡᠳᠡᠭᠡᠷ ᠢ᠋ ᠮᠤᠬᠤᠯᠢ ᠳ᠋ᠤᠷ ᠪᠦᠷᠢᠨ ᠬᠡᠯᠡᠭᠰᠡᠨ ᠳ᠋ᠦ᠍ᠷ ᠮᠤᠬᠤᠯᠢ ᠶᠡᠬᠡᠳᠡ ᠢᠨᠢᠶᠡᠨ ᠪᠥᠬᠥᠶ᠎ᠡ ᠂ ᠰᠠᠷᠯᠠᠭ ᠠ᠋ᠴᠠ ᠰᠠᠭᠠᠷ ᠳᠡᠷᠪᠡ ᠬᠣᠶᠠᠭᠤᠯᠠ ᠬᠠᠷᠢᠭᠤ ᠵᠣᠯᠭᠠᠷ᠎ᠠ ᠢᠷᠡᠬᠦᠢ ᠳ᠋ᠦ᠍ᠷ ᠵᠢᠨᠦᠩ ᠮᠤᠬᠤᠯᠢ ᠬᠦᠨᠳᠦᠳᠡ ᠬᠦᠨᠳᠦᠯᠡᠨ ᠂ ᠬᠥᠭᠵᠢᠮ ᠡᠭᠦᠰᠬᠡᠯᠭᠡᠨ ᠪᠡᠶ᠎ᠡ ᠪᠡᠷ ᠭᠠᠷᠴᠤ ᠶᠣᠰᠣᠯᠠᠨ ᠤᠭᠲᠤᠵᠤ ᠣᠷᠣᠭᠤᠯᠤᠭᠠᠳ ᠲᠠᠢᠽᠦ ᠳ᠋ᠦ᠍ᠷ ᠤᠳᠤᠷᠢᠳᠤᠨ ᠵᠣᠯᠭᠠᠭᠤᠯᠤᠭᠰᠠᠨ ᠳ᠋ᠤᠷ ᠰᠠᠭᠠᠷ ᠠᠨᠤ ᠰᠠᠨᠠᠭ᠎ᠠ ᠤᠬᠠᠭ᠎ᠠ ᠪᠠᠨ ᠠᠯᠳᠠᠵᠤ ᠂ ᠳᠡᠷᠪᠡ ᠠᠨᠤ ᠲᠠᠪᠤ ᠵᠢᠷᠭᠤᠭ᠎ᠠ ᠢᠨᠴᠠᠭᠯᠠᠵᠤ ᠂ ᠬᠣᠶᠠᠭᠤᠯᠠ ᠴᠥᠮ ᠰᠠᠨᠠᠭᠠᠨ ᠳ᠋ᠤᠷ ᠦᠭᠡᠢ ᠪᠡᠷ ᠰᠥᠭᠥᠳᠪᠡᠢ ᠃ ᠲᠡᠳᠡ ᠨᠢᠭᠡᠨ ᠦᠭᠡ ᠴᠦ᠍ ᠥᠴᠢᠨ ᠴᠢᠳᠠᠬᠤ ᠦᠭᠡᠢ ᠪᠣᠯᠤᠭᠰᠠᠨ ᠳ᠋ᠤᠷ ᠲᠠᠢᠽᠦ ᠠᠷᠭ᠎ᠠ ᠦᠭᠡᠢ ᠪᠣᠰᠬᠠᠵᠤ ᠠᠰᠠᠭᠤᠷᠤᠨ᠄ 《 ᠲᠠᠨ ᠤ᠋ ᠡᠵᠡᠨ ᠨᠢᠭᠡᠨᠲᠡ ᠨᠠᠳᠠ ᠯᠤᠭ᠎ᠠ ᠨᠠᠢᠳᠠᠵᠤ ᠨᠠᠢᠷᠠᠯᠳᠤᠬᠤ ᠪᠥᠭᠡᠲᠡᠯ᠎ᠡ ᠡᠳᠦᠢᠴᠢᠨᠡᠭᠡᠨ ᠲᠦᠮᠡᠨ ᠴᠡᠷᠢᠭ ᠢ᠋ᠶ᠋ᠡᠷ ᠶᠠᠭᠠᠬᠢᠮᠤᠢ ?》 ᠬᠡᠮᠡᠭᠰᠡᠨ ᠳ᠋ᠦ᠍ᠷ ᠰᠠᠭᠠᠷ ᠰᠠᠨᠠᠭ᠎ᠠ ᠰᠡᠭᠦᠷᠡᠰᠦ ᠪᠡᠨ ᠠᠯᠲᠠᠨ ᠪᠠᠢᠵᠤ ᠥᠴᠢᠷᠦᠨ᠄《ᠡᠶᠡᠳᠡᠬᠦ ᠪᠡᠯᠡᠭ ᠭᠠᠷ ᠲᠤᠷ ᠣᠷᠣᠭᠠᠳᠤᠢ ᠲᠤᠯᠠ ᠬᠦᠯᠢᠭᠡᠯᠵᠡᠵᠦ ᠪᠣᠢ᠃》ᠬᠡᠮᠡᠬᠦᠢ ᠳ᠋ᠦ᠍ᠷ ᠲᠠᠢᠽᠦ ᠥᠴᠦᠬᠡᠨ ᠮᠦᠰᠢᠶᠡᠵᠦ ᠵᠠᠬᠢᠷᠤᠨ :《 ᠡᠳ᠋ ᠢ᠋ ᠶᠠᠭᠤᠨ ᠳ᠋ᠤᠷ ᠡᠷ᠎ᠡ ᠡᠴᠡ ᠢᠯᠡᠭᠦᠦ ᠦᠵᠡᠪᠡ ?》 ᠭᠡᠮᠡᠨ ᠡᠯᠴᠢ ᠶ᠋ᠢ ᠬᠤᠷᠢᠮᠯᠠᠨ ᠬᠦᠨᠳᠦᠯᠡᠭᠦᠯᠵᠦ ᠡᠭᠡᠭᠦᠯᠪᠡ ᠃
ᠵᠢᠴᠢ ᠡᠳᠦᠷ ᠮᠤᠬᠤᠯᠢ ᠥᠷᠯᠥᠭᠡ ᠡᠷᠲᠡ ᠠᠭᠤᠯᠠ ᠲᠠᠯ᠎ᠠ ᠪᠠ ᠮᠥᠷᠡᠨ ᠭᠣᠣᠯ ᠤ᠋ᠨ ᠪᠠᠢᠳᠠᠯ ᠢ᠋ ᠰᠢᠨᠵᠢᠭᠦᠯᠦᠨ ᠂ ᠰᠠᠷᠯᠠᠭ ᠮᠥᠷᠡᠨ ᠦ᠌ ᠤᠰᠤ ᠬᠠᠭᠤᠴᠢᠨ ᠤᠷᠤᠰᠤᠭᠰᠠᠨ ᠵᠠᠭᠠᠭ ᠠ᠋ᠴᠠ ᠪᠠᠨ ᠳᠣᠷᠣᠭᠰᠢ ᠣᠷᠣᠭᠰᠠᠨ ᠪᠥᠭᠡᠳ ᠪᠠᠰᠠ ᠴᠥᠮ ᠬᠥᠭᠡᠰᠦ ᠪᠥᠮᠪᠥᠭᠡ ᠲᠡᠢ ᠤᠷᠤᠰᠬᠤᠢ ᠳ᠋ᠤᠷ ᠶᠡᠬᠡᠯ᠎ᠡ ᠰᠣᠴᠢᠵᠤ ᠂ ᠶᠠᠭᠠᠷᠠᠨ ᠴᠠᠴᠠᠷ ᠲᠤᠷ ᠢ᠋ᠶ᠋ᠠᠨ ᠢᠷᠡᠵᠦ ᠴᠢᠯᠠᠭᠤ ᠲᠡᠮᠦᠷ ᠬᠣᠶᠠᠭᠤᠯᠠ ᠳ᠋ᠤᠷ ᠲᠠᠪᠤᠨ ᠮᠢᠩᠭᠠᠨ ᠴᠡᠷᠢᠭ ᠥᠭᠴᠦ ᠥᠭᠦᠯᠡᠷᠦᠨ᠄《 ᠲᠠᠨ ᠤ᠋ ᠬᠣᠶᠠᠭᠤᠯᠠ ᠡᠨᠡ ᠰᠠᠷᠯᠠᠭ ᠮᠥᠷᠡᠨ ᠢ᠋ ᠥᠭᠡᠳᠡᠯᠡᠵᠦ ᠡᠴᠢ ᠂ ᠯᠠᠪ ᠤᠷᠤᠰᠬᠠᠯ ᠤ᠋ᠨ ᠳᠡᠭᠡᠳᠦ ᠬᠣᠷᠢᠵᠤ ᠪᠥᠭᠯᠡᠭᠰᠡᠨ ᠶᠠᠪᠤᠳᠠᠯ ᠪᠣᠢ ᠂ ᠪᠤᠰᠤ ᠪᠣᠯᠪᠠᠰᠤ ᠡᠨᠡ ᠬᠠᠪᠤᠷ ᠤ᠋ᠨ ᠬᠠᠭᠤᠷᠠᠢ ᠳ᠋ᠤᠷ ᠭᠣᠣᠯ ᠤ᠋ᠨ ᠤᠰᠤ ᠬᠥᠭᠡᠰᠦ ᠲᠡᠢ ᠤᠷᠤᠰᠬᠤ ᠶᠣᠰᠣ ᠦᠭᠡᠢ ᠂ ᠡᠨᠡ ᠭᠠᠵᠠᠷ ᠠᠭᠤᠯᠠ ᠬᠠᠳᠠ ᠡᠯᠪᠡᠭ ᠲᠤᠯᠠ ᠯᠠᠪ ᠪᠥᠭᠯᠡᠬᠦ ᠲᠠᠠᠯᠠᠬᠤ ᠭᠡᠮ ᠪᠣᠢ ᠂ ᠬᠡᠷᠪᠡ ᠲᠡᠢᠮᠦ ᠵᠦᠢᠯ ᠪᠠᠢᠪᠠᠰᠤ ᠰᠠᠬᠢᠭᠰᠠᠨ ᠴᠡᠷᠢᠭ ᠢ᠋ ᠨᠢᠭᠡᠬᠡᠨ ᠴᠦ᠍ ᠭᠠᠷᠭᠠᠯ ᠦᠭᠡᠢ ᠬᠣᠷᠢᠵᠤ ᠬᠠᠭᠠᠭᠠᠳ ᠮᠢᠨᠦ ᠲᠡᠮᠳᠡᠭ ᠦᠬᠡᠷ ᠫᠤᠤ ᠶ᠋ᠢᠨ ᠳᠠᠭᠤᠨ ᠢ᠋ ᠰᠣᠨᠣᠰᠤᠮᠠᠭᠴᠠ ᠳᠠᠷᠤᠢ ᠰᠡᠲᠡᠯᠵᠦ ᠢᠯᠡᠭᠡ ᠂ ᠬᠡᠷᠪᠡ ᠦᠭᠡᠢ ᠪᠥᠭᠡᠰᠦ ᠡᠭᠡᠵᠦ ᠢᠷᠡᠬᠦᠢ ᠳ᠋ᠡᠭᠡᠨ ᠮᠢᠨᠦ ᠠᠷᠤ ᠶ᠋ᠢᠨ ᠬᠣᠢᠨ᠎ᠠ ᠪᠦᠭᠭᠦᠭᠰᠡᠨ ᠴᠡᠷᠢᠭ ᠪᠣᠢ ᠤᠤ ᠦᠭᠡᠢ ᠦᠦ ᠂ ᠮᠥᠷ ᠢ᠋ ᠮᠥᠰᠬᠢᠨ ᠡᠷᠢᠲᠦᠭᠡᠢ ᠂ ᠥᠷᠳᠡᠭᠰᠡᠨ ᠫᠤᠤ ᠶ᠋ᠢᠨ ᠲᠡᠮᠳᠡᠭ ᠪᠣᠯᠭᠠᠰᠤᠭᠠᠢ ᠃ 》 ᠭᠡᠮᠡᠨ ᠰᠠᠶᠢ ᠶᠠᠪᠤᠭᠤᠯᠲᠠᠯᠠ ᠤᠷᠢᠳᠠ ᠲᠠᠯᠪᠢᠵᠤ ᠬᠠᠷᠢᠭᠤᠯᠤᠭᠰᠠᠨ ᠰᠠᠷᠯᠠᠭ ᠤ᠋ᠨ ᠴᠡᠷᠢᠭ ᠦ᠋ᠨ ᠨᠢᠭᠡᠨ ᠬᠥᠮᠦᠨ ᠢᠷᠡᠪᠡ ᠂ ᠦᠵᠡᠰᠡ ᠡᠳᠡᠭᠡᠷ ᠴᠡᠷᠢᠭ ᠤᠷᠲᠤᠳᠠ ᠴᠡᠷᠢᠭ ᠦ᠋ᠨ ᠳᠣᠲᠣᠷᠠᠬᠢ ᠨᠠᠷᠢᠨ ᠮᠡᠳᠡᠭᠡ ᠶ᠋ᠢ ᠵᠠᠯᠮ᠎ᠠ ᠲᠠᠨ ᠳ᠋ᠤᠷ ᠮᠡᠳᠡᠭᠦᠯᠦᠨ ᠪᠠᠢᠭᠰᠠᠨ ᠲᠤᠯᠠ ᠡᠨᠡ ᠮᠥᠷᠡᠨ ᠢ᠋ ᠬᠠᠯᠠᠭᠯᠠᠭᠰᠠᠨ ᠢ᠋ ᠮᠡᠳᠡᠵᠦ ᠶᠠᠭᠠᠷᠠᠨ ᠡᠴᠢᠵᠦ ᠮᠡᠳᠡᠭᠦᠯᠦᠭᠰᠡᠨ᠎ᠡ ᠂ ᠵᠠᠯᠮ᠎ᠠ ᠮᠡᠩᠳᠡᠨ ᠰᠡᠩᠳᠡᠨ ᠲᠡᠷᠡ ᠴᠡᠷᠢᠭ ᠦ᠋ᠨ ᠬᠥᠮᠦᠨ ᠳ᠋ᠦ᠍ᠷ ᠮᠥᠩᠭᠥ ᠥᠭᠴᠦ ᠨᠢᠭᠡᠨᠲᠡᠭᠡᠭᠦᠷ ᠮᠤᠬᠤᠯᠢ ᠳ᠋ᠤᠷ ᠮᠡᠳᠡᠭᠦᠯᠦᠨ ᠢᠯᠡᠭᠡᠵᠦ ᠂ ᠨᠢᠭᠡᠨᠲᠡᠭᠡᠭᠦᠷ ᠲᠡᠳᠡᠨ ᠢ᠋ ᠪᠡᠶ᠎ᠡ ᠪᠡᠨ ᠬᠠᠷᠠᠭᠠᠯᠵᠠ ᠭᠡᠮᠡᠨ ᠳᠣᠬᠢᠶ᠎ᠠ ᠬᠡᠯᠡᠯᠴᠡᠪᠡ ᠃ ᠲᠡᠳᠦᠢ ᠵᠢᠨᠦᠩ ᠮᠤᠬᠤᠯᠢ ᠲᠡᠷᠡ ᠴᠡᠷᠢᠭ ᠦ᠋ᠨ ᠠᠷᠠᠳ ᠲᠤᠷ ᠬᠦᠨᠳᠦ ᠱᠠᠩ ᠥᠭᠴᠦ 《ᠮᠠᠨ ᠤ᠋ ᠡᠯᠴᠢ ᠶ᠋ᠢ ᠬᠠᠷᠠᠭᠠᠯᠵᠠᠵᠤ ᠴᠢᠳᠠᠬᠤᠯ᠎ᠠ ᠠᠪᠤᠨ ᠭᠠᠷᠴᠤ ᠢᠷ᠎ᠡ ! 》 ᠭᠡᠮᠡᠨ ᠵᠠᠯᠮ᠎ᠠ ᠳ᠋ᠤᠷ ᠨᠢᠭᠡᠨ ᠡᠮ ᠥᠭᠴᠦ ᠶᠠᠪᠤᠭᠤᠯᠤᠭᠠᠳ ᠶᠠᠭᠠᠷᠠᠨ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠶ᠋ᠢ ᠳᠠᠭᠤᠳᠠᠵᠤ :《 ᠲᠠ ᠬᠣᠶᠠᠭᠤᠯᠠ ᠡᠨᠡ ᠰᠥᠨᠢ ᠪᠡᠶ᠎ᠡ ᠳ᠋ᠦ᠍ᠷ ᠬᠤᠷᠴᠠ ᠣᠬᠣᠷ ᠵᠡᠪᠰᠡᠭ ᠠᠪᠴᠤ ᠰᠠᠷᠯᠠᠭ ᠤ᠋ᠨ ᠵᠠᠯᠢᠲᠤ ᠬᠠᠭᠠᠨ ᠤ᠋ ᠪᠡᠶ᠎ᠡ ᠳ᠋ᠦ᠍ᠷ ᠵᠣᠯᠭᠠᠵᠤ ᠂ ᠭᠤᠷᠪᠠᠨ ᠵᠦᠢᠯ ᠦ᠋ᠨ ᠶᠠᠯ᠎ᠠ ᠶ᠋ᠢ ᠠᠰᠠᠭᠤ : ᠲᠡᠷᠢᠭᠦᠨ ᠳ᠋ᠦ᠍ᠷ ᠪᠢᠳᠡᠨ ᠦ᠌ ᠬᠣᠶᠠᠷ ᠤᠯᠤᠰ ᠤᠭ ᠠ᠋ᠴᠠ ᠥ ᠦᠰ ᠦᠭᠡᠢ ᠪᠥᠭᠡᠲᠡᠯ᠎ᠡ ᠶᠠᠭᠤᠨ ᠳ᠋ᠤᠷ ᠴᠢᠯᠭᠡᠷ ᠪᠥᠬᠡ ᠳ᠋ᠦ᠍ᠷ ᠲᠠᠪᠤᠨ ᠵᠠᠭᠤᠨ ᠴᠡᠷᠢᠭ ᠥᠭᠴᠦ ᠭᠤᠯᠭᠤᠭᠴᠢ ᠡᠮ᠎ᠡ ᠶ᠋ᠢ ᠢᠯᠡᠬᠡᠨ ᠮᠠᠨ ᠤ᠋ ᠤᠯᠤᠰ ᠢ᠋ ᠡᠷᠢᠵᠦ ᠬᠠᠯᠳᠠᠭᠰᠠᠨ ᠪᠣᠢ ᠃ ᠬᠣᠶᠠᠷ ᠲᠤᠷ ᠪᠢᠳᠡᠨ ᠥᠴᠦᠬᠡᠨ ᠥ ᠶ᠋ᠢ ᠬᠥᠭᠡᠭᠡᠯᠴᠡᠬᠦ ᠦᠭᠡᠢ ᠰᠠᠢᠨ ᠢ᠋ᠶ᠋ᠠᠷ ᠡᠶᠡᠳᠡᠵᠦ ᠨᠠᠢᠷᠠᠯᠳᠤᠰᠤᠭᠠᠢ ᠭᠡᠮᠡᠨ ᠢᠯᠡᠭᠡᠭᠰᠡᠨ ᠮᠢᠩᠭᠠᠨ ᠠᠴᠢᠶ᠎ᠠ ᠬᠦᠨᠳᠦ ᠪᠡᠯᠡᠭ ᠢ᠋ ᠶᠠᠭᠤᠨ ᠳ᠋ᠤᠷ ᠬᠤᠯᠠᠭᠠᠢ ᠴᠡᠷᠢᠭ ᠭᠠᠷᠭᠠᠨ ᠪᠤᠯᠢᠶᠠᠯᠭᠠᠵᠤ ᠂ ᠪᠠᠰᠠ ᠮᠠᠨ ᠤ᠋ ᠡᠯᠴᠢ ᠪᠠ ᠴᠡᠷᠢᠭ ᠢ᠋ ᠰᠢᠷᠬᠠᠲᠤᠭᠤᠯᠤᠨ ᠬᠣᠷᠢᠵᠤ ᠵᠣᠪᠠᠭᠠᠪᠠᠢ ᠃ ᠭᠤᠷᠪᠠᠨ ᠳ᠋ᠤᠷ ᠰᠠᠢᠨ ᠰᠠᠢᠬᠠᠨ ᠢ᠋ᠶ᠋ᠠᠷ ᠡᠶᠡᠳᠡᠵᠦ ᠨᠠᠢᠷᠠᠯᠳᠤᠷᠠ ᠢᠷᠡᠭᠰᠡᠨ ᠠᠲᠠᠯ᠎ᠠ ᠲᠠ ᠶᠠᠭᠤᠨ ᠳ᠋ᠤᠷ ᠡᠳᠦᠢᠴᠢᠨᠡᠭᠡᠨ ᠴᠡᠷᠢᠭ ᠢ᠋ᠶ᠋ᠡᠷ ᠬᠠᠭᠠᠵᠤ ᠪᠠᠭᠤᠪᠠ ᠃ ᠡᠨᠡ ᠭᠤᠷᠪᠠᠨ ᠶᠠᠯ᠎ᠠ ᠶ᠋ᠢ ᠠᠰᠠᠭᠤᠭᠠᠳ ᠲᠡᠳᠡ ᠨᠢᠭᠡᠨᠲᠡ ᠮᠠᠨ ᠤ᠋ ᠡᠳ᠋ ᠢ᠋ ᠳᠡᠭᠡᠷᠡᠮᠳᠡᠨ ᠠᠪᠴᠤ ᠡᠷᠬᠡᠪᠰᠢ ᠪᠠᠰᠠ ᠪᠠᠢᠯᠳᠤᠬᠤ ᠶ᠋ᠢ ᠡᠷᠢᠬᠦ ᠲᠤᠯᠠ ᠪᠢᠳᠡᠨ ᠳ᠋ᠦ᠍ᠷ ᠮᠥᠨ ᠥᠪᠡᠷ᠎ᠡ ᠠᠷᠭ᠎ᠠ ᠦᠭᠡᠢ ᠂ ᠡᠳᠦᠢ ᠲᠡᠳᠦᠢ ᠴᠡᠷᠢᠭ ᠢ᠋ᠶ᠋ᠡᠨ ᠳᠠᠭᠤᠳᠠᠵᠤ ᠪᠠᠢᠯᠳᠤᠮᠤᠢ ᠶᠠ ! ᠬᠡᠮᠡᠭᠡᠳ ᠡᠪᠳᠡᠷᠡᠯᠴᠡᠵᠦ ᠭᠠᠷᠴᠤ ᠢᠷ᠎ᠡ ᠃ ᠲᠡᠷᠡ ᠬᠡᠷᠪᠡ ᠲᠠᠨ ᠢ᠋ ᠮᠠᠲᠠᠷ ᠳᠣᠣᠷ᠎ᠠ ᠪᠠᠷᠢᠪᠠᠰᠤ ᠂ ᠨᠠᠳᠠ ᠳ᠋ᠤᠷ ᠲᠠᠨ ᠢ᠋ ᠮᠠᠭᠠᠳ ᠭᠠᠷᠭᠠᠵᠤ ᠠᠴᠢᠷᠠᠬᠤ ᠠᠷᠭ᠎ᠠ ᠪᠣᠢ ᠃ 》 ᠬᠡᠮᠡᠬᠦᠢ ᠳ᠋ᠦ᠍ᠷ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠰᠠᠶᠢ ᠠᠷᠪᠠᠨ ᠬᠡᠳᠦᠬᠡᠨ ᠨᠠᠰᠤ ᠲᠠᠢ ᠪᠥᠭᠡᠳ ᠠᠷᠭ᠎ᠠ ᠬᠦᠴᠦᠨ ᠮᠠᠰᠢ ᠪᠦᠷᠢᠳᠴᠦ ᠳᠤᠷᠠᠲᠠᠶ᠎ᠠ ᠬᠦᠯᠢᠶᠡᠨ ᠠᠪᠴᠤ ᠮᠡᠳᠡᠭᠦᠯᠦᠷᠦᠨ :《 ᠪᠢᠳᠡᠨ ᠦ᠌ ᠠᠬ᠎ᠠ ᠳᠡᠭᠦᠦ ᠠᠷᠤ ᠠᠷᠤ ᠪᠠᠨ ᠬᠠᠪᠰᠤᠷᠴᠤ ᠪᠠᠢᠯᠳᠤᠬᠤ ᠶ᠋ᠢ ᠪᠢᠴᠢᠬᠠᠨ ᠠ᠋ᠴᠠ ᠪᠣᠯᠪᠠᠰᠤᠷᠠᠭᠤᠯᠤᠭᠰᠠᠨ ᠲᠤᠯᠠ ᠵᠡᠪᠰᠡᠭ ᠴᠦ᠍ ᠬᠡᠷᠡᠭ ᠦᠭᠡᠢ ᠂ ᠬᠣᠭᠣᠰᠣᠨ ᠪᠡᠶ᠎ᠡ ᠪᠡᠷ ᠣᠷᠣᠵᠤ ᠂ ᠬᠡᠷᠪᠡ ᠪᠠᠷᠢᠬᠤᠢ ᠳ᠋ᠤᠷ ᠬᠦᠷᠪᠡᠰᠦ ᠳᠠᠷᠤᠢ ᠲᠡᠳᠡᠨ ᠦ᠌ ᠵᠡᠪᠰᠡᠭ ᠦ᠋ᠨ ᠨᠢᠭᠡᠨ ᠢ᠋ ᠢᠨᠤ ᠪᠤᠯᠢᠶᠠᠨ ᠠᠪᠴᠤ ᠪᠠᠢᠯᠳᠤᠵᠤ ᠴᠢᠳᠠᠪᠠᠰᠤ ᠵᠠᠯᠢᠲᠤ ᠬᠠᠭᠠᠨ ᠢ᠋ ᠠᠨᠤ ᠴᠠᠪᠴᠢᠨ ᠠᠯᠠᠰᠤᠭᠠᠢ ᠂ ᠶᠠᠳᠠᠬᠤ ᠳ᠋ᠠᠭᠠᠨ ᠲᠡᠳᠡᠨ ᠦ᠌ ᠪᠡᠯᠡᠨ ᠫᠤᠤ ᠶ᠋ᠢ ᠨᠣᠴᠣᠭᠠᠵᠤ ᠲᠡᠮᠳᠡᠭ ᠪᠣᠯᠭᠠᠰᠤᠭᠠᠢ ᠃》 ᠬᠡᠮᠡᠭᠰᠡᠨ ᠳ᠋ᠦ᠍ᠷ ᠵᠢᠨᠦᠩ ᠶᠡᠬᠡᠯ᠎ᠡ ᠰᠠᠢᠰᠢᠶᠠᠨ ᠮᠠᠭᠲᠠᠵᠤ ᠂ ᠪᠠᠰᠠ ᠬᠤᠢᠯᠠᠳᠠᠷ ᠬᠣᠰᠢᠭᠤᠴᠢ ᠂ ᠭᠢᠯᠦᠭᠡᠨ ᠪᠠᠭᠠᠲᠤᠷ ᠬᠣᠶᠠᠭᠤᠯᠠ ᠳ᠋ᠤᠷ ᠪᠣᠯᠣᠳ ᠬᠦᠴᠦᠲᠦ ᠨᠠᠢ᠍ᠮᠠᠨ ᠮᠢᠩᠭᠠᠨ ᠴᠡᠷᠢᠭ ᠲᠤᠰᠢᠶᠠᠨ ᠥᠭᠴᠦ ᠪᠠᠶᠠᠷᠯᠠᠲᠠᠯᠠ ᠱᠠᠩᠨᠠᠨ ᠴᠠᠳᠲᠠᠯ᠎ᠠ ᠪᠤᠳᠠᠭᠠᠯᠠᠨ ᠰᠤᠷᠭᠠᠵᠤ ᠵᠠᠷᠯᠠᠭᠰᠠᠨ ᠠᠨᠤ :《ᠲᠠ ᠳᠥᠷᠪᠡᠭᠦᠯᠡ ᠬᠠᠮᠲᠤ ᠪᠠᠷ ᠮᠥᠷᠡᠨ ᠢ᠋ ᠭᠡᠲᠦᠯᠦᠨ ᠂ ᠠᠯᠤᠬ᠎ᠠ ᠰᠦᠬᠡ ᠶ᠋ᠢᠨ ᠳᠠᠷᠠᠭ᠎ᠠ ᠪᠠᠷ ᠬᠤᠢᠯᠠᠲᠠᠷ ᠂ ᠭᠢᠯᠦᠭᠡᠨ ᠰᠢᠭᠤᠳ ᠴᠣᠬᠢᠨ ᠬᠦᠷᠴᠦ ᠠᠯᠠᠨ ᠣᠷᠣᠵᠤ ᠂ ᠵᠠᠯᠢᠲᠤ ᠬᠠᠭᠠᠨ ᠤ᠋ ᠴᠠᠴᠠᠷ ᠲᠤᠷ ᠬᠦᠷᠴᠦ ᠴᠢᠳᠠᠬᠤᠯ᠎ᠠ ᠠᠮᠢᠳᠤ ᠪᠠᠷᠢᠵᠤ ᠠᠪᠤᠭᠠᠳ ᠰᠢᠭᠤᠳ ᠬᠣᠢᠲᠤ ᠵᠦᠭ ᠰᠢᠪᠲᠤᠯᠤᠨ ᠭᠠᠷᠴᠤ ᠬᠣᠲᠠ ᠶ᠋ᠢᠨ ᠵᠦᠭ ᠡᠴᠢᠲᠦᠭᠡᠢ ᠂ ᠵᠠᠯᠮ᠎ᠠ ᠡᠨᠡ ᠰᠥᠨᠢ ᠬᠣᠲᠠᠨ ᠤ᠋ ᠭᠠᠳᠠᠨ᠎ᠠ ᠭᠠᠯ ᠭ᠍ᠡᠷᠪᠠᠰᠤ ᠡᠮᠦᠨ᠎ᠡ ᠬᠠᠭᠠᠯᠭ᠎ᠠ ᠶ᠋ᠢ ᠪᠤᠯᠢᠶᠠᠨ ᠨᠡᠭᠡᠭᠡᠵᠦ ᠂ ᠮᠠᠨ ᠤ᠋ ᠴᠡᠷᠢᠭ ᠢ᠋ ᠤᠭᠲᠤᠨ ᠣᠷᠣᠭᠤᠯᠤᠮᠤᠢ ᠃ ᠲᠠ ᠳᠥᠷᠪᠡᠭᠦᠯᠡ ᠲᠡᠳᠡᠨ ᠦ᠌ ᠴᠡᠷᠢᠭ ᠣᠯᠠᠨ ᠭᠡᠮᠡᠨ ᠪᠢᠲᠡᠭᠡᠢ ᠠᠶᠤᠭᠲᠤᠨ ᠃ ᠲᠡᠳᠡᠨ ᠦ᠌ ᠴᠡᠷᠢᠭ ᠬᠡᠳᠦᠢ ᠣᠯᠠᠨ ᠪᠣᠯᠪᠠᠴᠤ ᠨᠢᠭᠡᠨ ᠳ᠋ᠦ᠍ᠷ ᠰᠡᠳᠬᠢᠯ ᠢ᠋ ᠢᠨᠤ ᠠᠯᠳᠠᠵᠤ ᠬᠣᠷᠣᠰᠬᠠᠪᠠ ᠃ ᠬᠣᠶᠠᠷ ᠲᠤᠷ ᠮᠠᠨ ᠢ᠋ ᠨᠢᠭᠡᠨᠲᠡ ᠡᠶᠡᠳᠡᠮᠦᠢ ᠭᠡᠮᠡᠨ ᠲᠦᠮᠡᠨ ᠬᠤᠪᠢ ᠪᠠᠲᠤ ᠰᠠᠨᠠᠵᠤᠬᠤᠢ ᠃ ᠭᠤᠷᠪᠠᠨ ᠳ᠋ᠤᠷ ᠶᠡᠬᠡ ᠴᠡᠷᠢᠭ ᠨᠦᠰᠡᠷ ᠪᠢᠳᠠᠭᠤ ᠂ ᠴᠠᠭ ᠳᠣᠲᠣᠷ᠎ᠠ ᠬᠥᠳᠡᠯᠦᠨ ᠴᠢᠳᠠᠬᠤ ᠦᠭᠡᠢ ᠃ ᠳᠥᠷᠪᠡ ᠳ᠋ᠦ᠍ᠷ ᠥᠴᠦᠬᠡᠨ ᠴᠦ᠍ ᠰᠠᠨᠠᠭᠠᠨ ᠳ᠋ᠤᠷ ᠦᠭᠡᠢ ᠦᠶ᠎ᠡ ᠃ ᠲᠠᠪᠤᠨ ᠳ᠋ᠤᠷ ᠪᠢ ᠦᠵᠡᠪᠡᠰᠦ ᠭᠠᠭᠴᠠ ᠴᠡᠷᠢᠭ ᠢ᠋ ᠣᠯᠠᠨ ᠬᠤᠷᠢᠶᠠᠭᠰᠠᠨ ᠪᠣᠢ ᠶᠠ ᠂ ᠤᠷᠤᠯᠳᠤᠵᠤ ᠂ ᠰᠤᠷᠭᠠᠬᠤ ᠶ᠋ᠢ ᠣᠭᠲᠣ ᠡᠰᠡ ᠮᠡᠳᠡᠵᠦᠬᠦᠢ ᠃ ᠵᠢᠷᠭᠤᠭ᠎ᠠ ᠳ᠋ᠤᠷ ᠴᠥᠮ ᠲᠠᠯ᠎ᠠ ᠨᠠᠢᠷ ᠤ᠋ᠨ ᠴᠡᠷᠢᠭ ᠲᠤᠯᠠ ᠱᠠᠩ ᠦᠭᠪᠡᠰᠦ ᠪᠣᠯᠬᠤ ᠪᠣᠢ ᠶᠠ ᠂ ᠱᠠᠭᠠᠷᠳᠠᠨ ᠴᠠᠭᠠᠵᠠᠯᠠᠵᠤ ᠴᠢᠳᠠᠬᠤ ᠦᠭᠡᠢ ᠃ ᠳᠣᠯᠣᠭᠠᠨ ᠳ᠋ᠤᠷ ᠵᠠᠯᠢᠲᠤ ᠬᠠᠭᠠᠨ ᠬᠡᠮᠡᠭᠴᠢ ᠡᠭᠡᠯ ᠥᠲᠡᠯ᠎ᠡ ᠶᠡᠷᠦ ᠶ᠋ᠢᠨ ᠬᠥᠮᠦᠨ ᠭᠦᠨ ᠪᠣᠯᠭᠣᠮᠵᠢ ᠦᠭᠡᠢ ᠃ ᠨᠠᠢ᠍ᠮᠠᠨ ᠳ᠋ᠤᠷ ᠣᠯᠠᠨ ᠤ᠋ ᠰᠡᠳᠬᠢᠯ ᠣᠯᠠᠨ ᠳ᠋ᠤᠷ ᠢ᠋ᠶ᠋ᠠᠨ ᠡᠷᠡᠮᠰᠢᠵᠦ ᠂ ᠨᠢᠭᠡᠨᠲᠡ ᠰᠡᠷᠡᠮᠵᠢ ᠦᠭᠡᠢ ᠪᠣᠯᠵᠤᠬᠤᠢ ᠃ ᠶᠢᠰᠦᠨ ᠳ᠋ᠦ᠍ᠷ ᠲᠠ ᠳᠥᠷᠪᠡᠭᠦᠯᠡ ᠬᠤᠷᠴᠠ ᠲᠠᠰᠤᠷᠬᠠᠢ ᠪᠠᠭᠠᠲᠤᠷ ᠪᠡᠷᠬᠡ ᠂ ᠦᠬᠦᠨ ᠵᠢᠳᠬᠦᠬᠦ ᠰᠠᠨᠠᠭᠠᠨ ᠪᠣᠢ ᠃ ᠠᠷᠪᠠ ᠳ᠋ᠤᠷ ᠮᠠᠨ ᠤ᠋ ᠰᠢᠨ᠎ᠡ ᠰᠢᠯᠭᠠᠭᠰᠠᠨ ᠨᠠᠢ᠍ᠮᠠᠨ ᠮᠢᠩᠭᠠᠨ ᠪᠣᠯᠣᠳ ᠬᠦᠴᠦᠲᠦ ᠴᠡᠷᠢᠭ ᠬᠠᠷᠠᠬᠠᠨ ᠭᠠᠪᠢᠶ᠎ᠠ ᠪᠠᠢᠭᠤᠯᠬᠤ ᠶ᠋ᠢ ᠡᠷᠢᠨ ᠴᠢᠷᠮᠠᠢᠬᠤ ᠴᠠᠭ ᠂ ᠠᠷᠪᠠᠨ ᠨᠢᠭᠡᠨ ᠳ᠋ᠦ᠍ᠷ ᠪᠢᠳᠡᠨ ᠦ᠌ ᠡᠵᠡᠨ ᠵᠢᠨᠦᠩ ᠴᠥᠮ ᠲᠠᠨ ᠳ᠋ᠤᠷ ᠲᠤᠰᠠᠯᠠᠨ ᠲᠡᠳᠡᠨ ᠦ᠌ ᠬᠣᠢᠨ᠎ᠠ ᠠ᠋ᠴᠠ ᠡᠮᠦᠨ᠎ᠡ ᠵᠦᠭ ᠳᠠᠷᠤᠨ ᠣᠷᠣᠮᠤᠢ ᠃ ᠮᠢᠨᠦ ᠡᠳᠡᠭᠡᠷ ᠠᠷᠭ᠎ᠠ ᠬᠡᠮᠡᠭᠴᠢ ᠬᠠᠷᠠᠬᠠᠨ ᠴᠢᠯᠭᠡᠷ ᠪᠥᠬᠡ ᠶ᠋ᠢ ᠪᠠᠷᠢᠭᠰᠠᠨ ᠠ᠋ᠴᠠ ᠡᠳᠦᠢ ᠬᠦᠷᠲᠡᠯ᠎ᠡ ᠪᠢᠰᠢᠯᠭᠠᠭᠰᠠᠨ ᠪᠣᠯᠠᠢ ᠃ ᠡᠨᠡ ᠰᠥᠨᠢ ᠨᠢᠭᠡᠬᠡᠨ ᠤᠳᠠᠭ᠎ᠠ ᠳ᠋ᠤᠷ ᠯᠠᠪ ᠶᠡᠬᠡ ᠭᠠᠪᠢᠶ᠎ᠠ ᠪᠦᠲᠦᠮᠦᠢ ᠂ ᠲᠠ ᠳᠥᠷᠪᠡᠭᠦᠯᠡ ᠥᠴᠦᠬᠡᠨ ᠴᠦ᠍ ᠠᠶᠤᠬᠤ ᠬᠡᠷᠡᠭ ᠦᠭᠡᠢ ᠃ ᠨᠡᠩ ᠢᠯᠠᠩᠭᠤᠶ᠎ᠠ ᠬᠤᠢᠯᠠᠲᠠᠷ ᠬᠣᠰᠢᠭᠤᠴᠢ ᠂ ᠭᠢᠯᠥᠭᠡᠨ ᠪᠠᠭᠠᠲᠤᠷ ᠲᠠ ᠬᠣᠶᠠᠭᠤᠯᠠ ᠂ ᠡᠵᠡᠨ ᠦ᠌ ᠬᠦᠨᠳᠦ ᠠᠴᠢ ᠶ᠋ᠢ ᠣᠳᠣ ᠡᠨᠡ ᠤᠳᠠᠭ᠎ᠠ ᠳ᠋ᠤᠷ ᠦᠬᠦᠨ ᠵᠢᠳᠬᠦᠵᠦ ᠬᠠᠷᠢᠭᠤᠯᠠᠪᠠᠰᠤ ᠵᠣᠬᠢᠮᠤᠢ ᠂ ᠴᠢᠳᠠᠪᠠᠰᠤ ᠵᠠᠯᠢᠲᠤ ᠬᠠᠭᠠᠨ ᠢ᠋ ᠠᠮᠢᠳᠤ ᠪᠡᠷᠢ ᠂ ᠶᠠᠳᠠᠬᠤ ᠳ᠋ᠠᠭᠠᠨ ᠠᠯᠠᠵᠤ ᠴᠢᠳᠠ ! 》 ᠭᠡᠮᠡᠨ ᠵᠠᠬᠢᠬᠤᠢ ᠳ᠋ᠤᠷ ᠳᠥᠷᠪᠡᠭᠦᠯᠡ ᠳᠡᠪᠬᠡᠴᠡᠨ ᠪᠡᠶᠡᠰᠴᠦ ᠬᠤᠢᠯᠠᠲᠠᠷ ᠥᠭᠦᠯᠡᠷᠦᠨ᠄《ᠡᠨᠡ ᠮᠡᠲᠦ ᠳ᠋ᠦ᠍ᠷ ᠶᠠᠭᠠᠬᠢᠭᠰᠠᠨ ᠡᠳᠦᠢᠴᠢᠨᠡᠭᠡᠨ ᠬᠠᠮᠠᠭᠠᠯᠠᠯ ᠬᠠᠪᠰᠤᠷᠤᠯᠲᠠᠢ ᠶ᠋ᠢ ᠴᠦ᠍ ᠪᠠᠢᠲᠤᠭᠠᠢ ᠂ ᠬᠡᠳᠦᠢ ᠭᠠᠭᠴᠠ ᠪᠡᠶ᠎ᠡ ᠪᠣᠯᠪᠠᠴᠤ ᠳᠤᠷᠠᠲᠠᠶ᠎ᠠ ᠠᠯᠠᠨ ᠣᠷᠣᠵᠤ ᠵᠠᠯᠢᠲᠤ ᠶ᠋ᠢ ᠠᠯᠠᠵᠤ ᠴᠢᠳᠠᠮᠤᠢ ᠂ ᠦᠰᠦᠨ ᠦ᠌ ᠲᠡᠳᠦᠢ ᠴᠦ᠍ ᠠᠶᠤᠬᠤ ᠦᠭᠡᠢ ! 》 ᠬᠡᠮᠡᠵᠦ ᠳᠥᠷᠪᠡᠭᠦᠯᠡ ᠪᠠᠶᠠᠷᠯᠠᠯᠴᠠᠭᠰᠠᠭᠠᠷ ᠡᠴᠢᠵᠡᠭᠡᠪᠡ ᠃
ᠲᠡᠳᠦᠢ ᠵᠢᠨᠦᠩ ᠪᠠᠰᠠ ᠲᠣᠭᠲᠣᠩᠭᠣ᠌ ᠪᠠᠭᠠᠲᠤᠷ ᠰᠥᠪᠡᠭᠡᠲᠡᠢ ᠪᠠᠭᠠᠲᠤᠷ ᠬᠣᠶᠠᠭᠤᠯᠠ ᠶ᠋ᠢ ᠳᠠᠭᠤᠳᠠᠵᠤ ᠂ ᠲᠠᠪᠤᠨ ᠮᠢᠩᠭᠠᠨ ᠴᠡᠷᠢᠭ ᠥᠭᠴᠦ ᠰᠥᠨᠢ ᠪᠣᠯᠣᠮᠠᠭᠴᠠ ᠰᠠᠷᠯᠠᠭ ᠮᠥᠷᠡᠨ ᠦ᠌ ᠳᠡᠭᠡᠷ᠎ᠡ ᠣᠯᠣᠮ ᠢ᠋ᠶ᠋ᠠᠷ ᠭᠡᠲᠦᠯᠵᠦ ᠂ ᠰᠢᠭᠤᠳ ᠳᠣᠪᠲᠣᠯᠵᠤ ᠰᠠᠷᠯᠠᠭ ᠤ᠋ᠨ ᠰᠤᠷᠤᠨᠴᠤᠭ ᠬᠣᠲᠠᠨ ᠳ᠋ᠤᠷ ᠬᠦᠷᠴᠦ ᠮᠠᠨ ᠤ᠋ ᠫᠤᠤ ᠪᠠ ᠲᠡᠮᠳᠡᠭ ᠭᠠᠯ ᠢ᠋ ᠦᠵᠡᠮᠡᠭᠴᠡ ᠬᠣᠲᠠᠨ ᠤ᠋ ᠡᠮᠦᠨ᠎ᠡ ᠬᠠᠭᠠᠯᠭ᠎ᠠ ᠶ᠋ᠢᠨ ᠭᠠᠳᠠᠨ᠎ᠠ ᠭᠠᠯ ᠡᠷᠭᠦᠵᠦ ᠲᠡᠮᠳᠡᠭ ᠪᠣᠯᠭ᠎ᠠ ᠂ ᠵᠠᠯᠮ᠎ᠠ ᠲᠠᠨ ᠳᠣᠲᠣᠷ᠎ᠠ ᠠ᠋ᠴᠠ ᠤᠭᠲᠤᠮᠤᠢ ᠂ 》 ᠭᠡᠮᠡᠨ ᠶᠠᠪᠤᠭᠤᠯᠤᠭᠠᠳ ᠪᠠᠰᠠ ᠦᠯᠡᠭᠰᠡᠨ ᠨᠢᠭᠡᠨ ᠪᠠᠷᠰ ᠤ᠋ᠨ ᠵᠠᠩᠵᠤᠨ ᠵᠦᠷᠭᠡᠨ ᠠᠢᠮᠠᠭ ᠤ᠋ᠨ ᠵᠥᠯᠭᠡᠲᠡᠢ ᠪᠠᠭᠠᠲᠤᠷ ᠢ᠋ ᠳᠠᠭᠤᠳᠠᠵᠤ :《 ᠪᠢ ᠴᠢᠮᠠᠶ᠋ᠢ ᠦᠯᠡᠳᠡᠭᠡᠭᠰᠡᠨ ᠢᠨᠤ ᠮᠠᠰᠢ ᠨᠢᠭᠡᠨ ᠴᠢᠬᠤᠯᠠ ᠭᠠᠵᠠᠷ ᠪᠣᠢ ᠂ ᠴᠢ ᠪᠡᠶ᠎ᠡ ᠪᠡᠷ ᠭᠤᠷᠪᠠᠨ ᠵᠠᠭᠤᠨ ᠰᠢᠯᠭᠠᠳᠠᠭ ᠴᠡᠷᠢᠭ ᠠᠪᠴᠤ ᠰᠠᠷᠯᠠᠭ ᠤ᠋ᠨ ᠡᠮᠦᠨ᠎ᠡ ᠬᠠᠭᠠᠯᠭ᠎ᠠ ᠳ᠋ᠤᠷ ᠲᠡᠮᠳᠡᠭ ᠫᠤᠤ ᠳᠠᠭᠤᠷᠢᠰᠤᠮᠠᠭᠴᠠ ᠤᠰᠤ ᠰᠡᠲᠡᠯᠬᠦ ᠲᠡᠮᠳᠡᠭ ᠫᠤᠤ ᠶ᠋ᠢ ᠲᠠᠯᠪᠢᠭᠤᠯᠤᠮᠠᠭᠴᠠ ᠲᠠᠪᠤᠨ ᠵᠠᠭᠤᠨ ᠭᠠᠯ ᠤ᠋ᠨ ᠴᠡᠷᠢᠭ ᠢ᠋ ᠠᠪᠤᠨ ᠰᠢᠭᠤᠳ ᠰᠠᠷᠯᠠᠭ ᠤ᠋ᠨ ᠬᠦᠷᠢᠶᠡᠨ ᠦ᠌ ᠪᠠᠷᠠᠭᠤᠨ ᠡᠮᠦᠨ᠎ᠡ ᠬᠠᠭᠠᠯᠭ᠎ᠠ ᠪᠠᠷ ᠦᠬᠦᠨ ᠪᠠᠢᠯᠳᠤᠵᠤ ᠴᠣᠬᠢᠨ ᠣᠷᠣᠭᠠᠳ ᠳᠠᠷᠤᠢ ᠭᠠᠯ ᠲᠠᠯᠪᠢᠨ ᠵᠡᠭᠦᠨ ᠬᠣᠢᠲᠤ ᠵᠦᠭ ᠰᠢᠪᠲᠤᠯᠤᠨ ᠭᠠᠷ !》 ᠬᠡᠮᠡᠭᠰᠡᠨ ᠳ᠋ᠦ᠍ᠷ ᠵᠥᠯᠭᠡᠲᠡᠢ ᠪᠤᠰᠤᠳ ᠢ᠋ ᠴᠥᠮ ᠬᠡᠷᠡᠭᠯᠡᠨ ᠠᠲᠠᠯ᠎ᠠ ᠪᠡᠶ᠎ᠡ ᠪᠡᠨ ᠦᠯᠦ ᠬᠡᠷᠡᠭᠯᠡᠬᠦᠢ ᠳ᠋ᠦ᠍ᠷ ᠬᠠᠷᠠᠬᠠᠨ ᠲᠡᠰᠬᠦ ᠠᠯᠳᠠᠷᠠᠵᠤ ᠪᠠᠢᠲᠠᠯ᠎ᠠ ᠡᠨᠡ ᠨᠢᠭᠡᠨ ᠦᠢᠮᠡᠭᠡᠨ ᠲᠦᠢᠪᠡᠭᠡᠨᠲᠡᠢ ᠲᠤᠰᠢᠶᠠᠯ ᠢ᠋ ᠲᠤᠰᠢᠶᠠᠭᠰᠠᠨ ᠳ᠋ᠤᠷ ᠴᠡᠭᠡᠵᠢ ᠪᠡᠨ ᠳᠡᠯᠪᠡᠷᠡᠲᠡᠯ᠎ᠡ ᠪᠠᠶᠠᠷᠯᠠᠵᠤ ᠂ ᠵᠢᠨᠦᠩ ᠳ᠋ᠦ᠍ᠷ ᠠᠷᠪᠠᠨ ᠬᠡᠳᠦᠨᠲᠡ ᠲᠦᠴᠢᠭᠢᠨᠡᠲᠡᠯ᠎ᠡ ᠮᠥᠷᠭᠥᠵᠦ ᠳᠡᠪᠬᠡᠴᠡᠭᠰᠡᠭᠡᠷ ᠡᠴᠢᠪᠡ ᠃ ᠪᠠᠰᠠ ᠮᠤᠬᠤᠯᠢ ᠶ᠋ᠢᠨ ᠳᠡᠭᠦᠦ ᠲᠡᠢᠨ ᠰᠠᠩ ᠂ ᠵᠢᠴᠢ ᠥᠨᠳᠥᠷ ᠰᠡᠴᠡᠨ ᠬᠣᠶᠠᠭᠤᠯᠠ ᠶ᠋ᠢ ᠳᠠᠭᠤᠳᠠᠵᠤ ᠡᠳᠦᠭᠡ ᠳᠠᠷᠤᠢ ᠮᠢᠩᠭᠠᠨ ᠴᠡᠷᠢᠭ ᠢ᠋ ᠠᠪᠴᠤ ᠬᠦᠷᠢᠶ᠎ᠡ ᠶ᠋ᠢ ᠡᠪᠳᠡᠨ ᠤᠰᠤᠨ ᠳᠠᠩ ᠠ᠋ᠴᠠ ᠳᠡᠪᠰᠢᠭᠦᠯᠵᠦ ᠂ ᠡᠪᠡᠰᠦᠲᠦ ᠡᠷᠭᠢ ᠶ᠋ᠢᠨ ᠳᠡᠭᠡᠷ᠎ᠡ ᠪᠠᠭᠤᠳᠠᠯᠯᠠᠭᠤᠯᠵᠤ ᠂ ᠲᠣᠭᠣᠷᠢᠭᠰᠠᠨ ᠡᠪᠡᠰᠦ ᠶ᠋ᠢ ᠴᠥᠮ ᠬᠠᠳᠤᠭᠤᠯᠵᠤ ᠂ ᠭᠠᠯ ᠢ᠋ ᠰᠠᠢᠲᠤᠷ ᠰᠡᠷᠭᠡᠢᠯᠡᠨ ᠂ ᠠᠷᠤ ᠶ᠋ᠢᠨ ᠬᠣᠢᠨ᠎ᠠ ᠠ᠋ᠴᠠ ᠴᠡᠷᠢᠭ ᠭᠠᠷᠬᠤ ᠶ᠋ᠢ ᠰᠠᠢᠲᠤᠷ ᠪᠡᠯᠡᠳᠬᠡᠵᠦ ᠰᠡᠷᠭᠡᠢᠯᠡ ᠬᠡᠮᠡᠭᠡᠳ ᠪᠠᠰᠠ ᠡᠭᠦᠯᠡᠨ ᠴᠡᠷᠪᠢ ᠂ ᠪᠤᠯᠤ ᠬᠣᠶᠠᠷ ᠪᠢᠴᠢᠬᠠᠨ ᠵᠠᠩᠵᠤᠨ ᠢ᠋ ᠳᠠᠭᠤᠳᠠᠵᠤ ᠂ ᠲᠠᠨ ᠤ᠋ ᠬᠣᠶᠠᠭᠤᠯᠠ ᠨᠢᠭᠡᠨ ᠮᠢᠩᠭᠠᠨ ᠬᠣᠯᠬᠣᠪᠴᠢᠲᠤ ᠨᠤᠮᠤ ᠪᠠᠷᠢᠭᠰᠠᠨ ᠴᠡᠷᠢᠭ ᠢ᠋ ᠠᠪᠴᠤ ᠰᠠᠷᠯᠠᠭ ᠮᠥᠷᠡᠨ ᠦ᠌ ᠡᠮᠦᠨ᠎ᠡ ᠬᠥᠪᠡᠭᠡᠨ᠎ᠡ ᠵᠢᠭᠰᠠᠭᠠᠵᠤ ᠂ ᠰᠠᠷᠯᠠᠭ ᠤ᠋ᠨ ᠴᠡᠷᠢᠭ ᠬᠡᠷᠪᠡ ᠳᠠᠷᠤᠭᠳᠠᠵᠤ ᠮᠥᠷᠡᠨ ᠢ᠋ ᠭᠡᠲᠦᠯᠪᠡᠰᠦ ᠲᠣᠰᠴᠤ ᠬᠠᠷᠪᠤᠭᠠᠳ ᠮᠣᠷᠢ ᠬᠤᠶᠠᠭ ᠢ᠋ ᠠᠪ ᠭᠡᠮᠡᠨ ᠴᠢᠩᠳᠠᠯᠠᠨ ᠲᠤᠰᠢᠶᠠᠭᠠᠳ ᠰᠠᠶᠢ ᠬᠠᠪᠤᠲᠤ ᠬᠠᠰᠠᠷ ᠂ ᠪᠦᠬᠦ ᠪᠡᠯᠭᠦᠳᠡᠢ ᠂ ᠣᠶᠤᠲᠤ ᠰᠡᠴᠡᠨ ᠂ ᠣᠶᠤᠨ ᠭᠤᠸ᠎ᠠ ᠂ ᠰᠠᠢᠬᠠᠨ ᠰᠤᠷᠲᠠᠯᠲᠤ ᠂ ᠲᠡᠬᠦᠰᠴᠤᠭᠳᠤ ᠡᠵᠡᠨ ᠢ᠋ ᠣᠢᠷ᠎ᠠ ᠰᠠᠬᠢᠵᠤ ᠬᠠᠮᠠᠭᠠᠯᠠ ᠂ ᠦᠨᠡᠨ ᠲᠥᠷᠥ ᠂ ᠠᠷᠭᠠᠰᠤᠨ ᠤ᠋ ᠬᠣᠷᠭᠣᠯᠵᠢ ᠂ ᠡᠵᠡᠨ ᠦ᠌ ᠣᠷᠳᠣᠨ ᠤ᠋ ᠪᠠᠭᠤᠳᠠᠯ ᠢ᠋ ᠰᠠᠬᠢᠨ ᠬᠠᠷᠠᠭᠠᠯᠵᠠ ᠭᠡᠮᠡᠨ ᠲᠤᠰ ᠲᠤᠰ ᠲᠤᠷ ᠴᠥᠮ ᠲᠣᠭᠲᠠᠭᠠᠨ ᠵᠠᠷᠯᠠᠭᠠᠳ ᠲᠡᠮᠡᠭᠡᠨ ᠦ᠌ ᠴᠠᠭᠠᠨ ᠵᠥᠭᠡᠢ ᠶ᠋ᠢᠨ ᠵᠤᠯᠠ ᠪᠠᠷ ᠭᠡᠷᠡᠯᠲᠦᠭᠦᠯᠦᠨ ᠲᠡᠮᠳᠡᠭ ᠪᠣᠯᠭᠠᠪᠠ ᠃
ᠲᠡᠭᠦᠨᠴᠡ ᠨᠠᠷᠠᠨ ᠤᠨᠠᠵᠤ ᠬᠡᠳᠦᠢᠨᠡᠢ ᠪᠠᠷᠤᠭ ᠪᠦᠷᠦᠭ ᠪᠣᠯᠤᠭᠰᠠᠨ ᠲᠤᠯᠠ ᠰᠠᠶᠢ ᠶᠡᠬᠡ ᠴᠡᠷᠢᠭ ᠬᠥᠳᠡᠯᠲᠡᠯ᠎ᠡ ᠴᠢᠯᠠᠭᠤ ᠨᠠᠷ ᠤ᠋ᠨ ᠮᠡᠳᠡᠭᠡ ᠬᠦᠷᠴᠦ ᠢᠷᠡᠪᠡ ᠃ ᠦᠨᠡᠬᠡᠷ ᠰᠠᠷᠯᠠᠭ ᠮᠥᠷᠡᠨ ᠦ᠌ ᠳᠡᠭᠡᠷ᠎ᠡ ᠭᠤᠴᠢᠨ ᠭᠠᠵᠠᠷ ᠤ᠋ᠨ ᠦᠵᠦᠭᠦᠷ ᠲᠡᠬᠢ ᠬᠣᠶᠠᠷ ᠠᠭᠤᠯᠠᠨ ᠤ᠋ ᠠᠭᠤᠯᠵᠠᠷ ᠤ᠋ᠨ ᠤᠰᠤ ᠶ᠋ᠢ ᠭᠤᠷᠪᠠᠨ ᠵᠠᠭᠤᠨ ᠴᠡᠷᠢᠭ ᠪᠥᠭᠯᠡᠵᠦ ᠪᠠᠢᠬᠤ ᠶ᠋ᠢ ᠮᠢᠩᠭᠠᠨ ᠴᠡᠷᠢᠭ ᠢ᠋ᠶ᠋ᠡᠷ ᠬᠠᠭᠠᠵᠤ ᠨᠢᠭᠡᠨ ᠴᠦ᠍ ᠬᠥᠮᠦᠨ ᠢ᠋ ᠭᠠᠷᠭᠠᠯ ᠦᠭᠡᠢ ᠪᠡᠷ ᠬᠢᠪ ᠬᠢᠯᠪᠠᠷᠬᠠᠨ ᠴᠥᠮ ᠪᠠᠷᠢᠵᠤ ᠬᠦᠯᠢᠭᠡᠳ ᠮᠡᠳᠡᠭᠦᠯᠦᠨ ᠬᠦᠷᠴᠦ ᠢᠷᠡᠭᠰᠡᠨ ᠲᠤᠯᠠ ᠳᠠᠷᠤᠢ ᠡᠨᠡ ᠰᠥᠨᠢ ᠲᠡᠮᠳᠡᠭ ᠢ᠋ ᠬᠦᠯᠢᠶᠡ ᠭᠡᠮᠡᠨ ᠳᠣᠪᠲᠣᠯᠭᠠᠭᠠᠳ ᠪᠠᠰᠠ ᠰᠠᠷ᠎ᠠ ᠶ᠋ᠢᠨ ᠬᠠᠭᠤᠴᠢᠳ ᠤ᠋ᠨ ᠦᠶ᠎ᠡ ᠲᠤᠯᠠ ᠣᠯᠠᠨ ᠪᠠᠭ ᠤ᠋ᠨ ᠴᠡᠷᠢᠭ ᠢ᠋ ᠴᠥᠮ ᠬᠥᠮᠦᠨ ᠦ᠌ ᠠᠮᠠᠨ ᠳ᠋ᠤᠷ ᠰᠢᠪᠠᠭ᠎ᠠ ᠵᠠᠭᠤᠯᠭᠠᠨ ᠂ ᠮᠣᠷᠢᠨ ᠤ᠋ ᠬᠣᠩᠬᠣ ᠶ᠋ᠢ ᠲᠠᠢᠯᠤᠭᠠᠳ ᠮᠥᠷᠡᠨ ᠦ᠌ ᠳᠡᠭᠡᠭᠦᠷ ᠢᠪ ᠴᠢᠪ ᠴᠢᠮᠡᠭᠡ ᠦᠭᠡᠢ ᠭᠡᠲᠦᠯᠵᠦ ᠂ ᠮᠤᠬᠤᠯᠢ ᠦᠯᠡᠭᠰᠡᠨ ᠴᠡᠷᠢᠭ ᠢ᠋ ᠪᠦᠷᠢᠨ᠎ᠡ ᠠᠪᠴᠤ ᠲᠠᠢᠽᠦ ᠶ᠋ᠢᠨ ᠡᠮᠦᠨ᠎ᠡ ᠪᠣᠯᠵᠤ ᠂ ᠰᠠᠷᠯᠠᠭ ᠤ᠋ᠨ ᠴᠡᠷᠢᠭ ᠦ᠋ᠨ ᠪᠠᠷᠠᠭᠤᠨ ᠬᠣᠢᠨ᠎ᠠ ᠠ᠋ᠴᠠ ᠣᠷᠣᠬᠤ ᠪᠠᠷ ᠪᠡᠯᠡᠳᠬᠡᠪᠡ ᠃ ᠭᠠᠭᠴᠠ ᠦᠯᠡᠳᠡᠭᠡᠭᠰᠡᠨ ᠢᠨᠤ ᠂ ᠵᠡᠭᠦᠨ ᠪᠡᠶ᠎ᠡ ᠳ᠋ᠦ᠍ᠷ ᠭᠠᠷᠬᠤ ᠤᠰᠤ ᠤᠷᠤᠭᠤ ᠶ᠋ᠢᠨ ᠨᠢᠭᠡᠬᠡᠨ ᠵᠠᠮ ᠢ᠋ ᠲᠠᠯᠪᠢᠵᠤ ᠥᠭᠭᠦᠭᠡᠳ ᠳᠠᠢᠰᠤᠨ ᠢ᠋ ᠳᠤᠲᠠᠭᠠᠯᠭᠠᠵᠤ ᠬᠥᠭᠡᠭᠡᠬᠦ ᠵᠠᠮ ᠢ᠋ ᠪᠡᠯᠡᠳᠬᠡᠪᠡ ᠃
ᠲᠡᠭᠦᠨᠴᠡ ᠰᠠᠷᠯᠠᠭ ᠤ᠋ᠨ ᠡᠵᠡᠨ ᠰᠠᠢᠳ ᠬᠠᠷᠠᠬᠠᠨ ᠬᠡᠯᠪᠡᠯᠵᠡᠵᠦ ᠂ ᠬᠡᠷᠬᠢᠨ ᠠᠯᠠᠬᠤ ᠪᠠᠨ ᠵᠥᠪᠳᠡᠨ ᠪᠦᠬᠦᠢ ᠳ᠋ᠦ᠍ᠷ ᠭᠡᠨᠡᠳᠲᠡ ᠪᠧᠲ᠋ᠠ᠋ ᠤᠯᠤᠰ ᠪᠠᠰᠠ ᠪᠤᠰᠤ ᠬᠣᠶᠠᠷ ᠡᠯᠴᠢ ᠢᠯᠡᠭᠡᠵᠦ ᠂ ᠬᠠᠭᠠᠨ ᠤ᠋ ᠡᠮᠦᠨ᠎ᠡ ᠠᠢᠯᠠᠳᠬᠠᠬᠤ ᠦᠭᠡ ᠪᠣᠢ ᠬᠡᠮᠡᠮᠦᠢ ᠬᠡᠮᠡᠭᠰᠡᠨ ᠳ᠋ᠦ᠍ᠷ ᠵᠠᠯᠢᠲᠤ ᠬᠠᠭᠠᠨ ᠵᠠᠷᠯᠠᠨ ᠣᠷᠣᠭᠤᠯᠵᠤ ᠵᠣᠯᠭᠠᠭᠰᠠᠨ᠎ᠠ ᠂ ᠠᠯᠤᠬ᠎ᠠ ᠂ ᠰᠦᠬᠡ ᠰᠢᠭᠤᠳ ᠵᠣᠭᠰᠣᠵᠤ ᠶᠣᠰᠣᠯᠠᠬᠤ ᠦᠭᠡᠢ ᠪᠡᠷ ᠥᠭᠦᠯᠡᠷᠦᠨ᠄《 ᠠᠯᠠᠭᠳᠠᠷᠠ ᠢᠷᠡᠭᠰᠡᠨ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠡᠵᠡᠨ ᠦ᠌ ᠪᠡᠨ ᠵᠠᠬᠢᠶ᠎ᠠ ᠪᠠᠷ ᠵᠠᠯᠢᠲᠤ ᠴᠢᠮ᠎ᠠ ᠠ᠋ᠴᠠ ᠶᠠᠯ᠎ᠠ ᠠᠰᠠᠭᠤᠬᠤ ᠠᠨᠤ : ᠲᠡᠷᠢᠭᠦᠨ ᠳ᠋ᠦ᠍ᠷ ᠪᠢᠳᠡᠨ ᠦ᠌ ᠡᠵᠡᠨ ᠲᠠᠨ ᠯᠤᠭ᠎ᠠ ᠥᠴᠦᠬᠡᠨ ᠴᠦ᠍ ᠦ ᠦᠰ ᠦᠭᠡᠢ ᠂ ᠰᠦᠷᠦᠭ ᠲᠣᠷ ᠴᠢᠨᠦ ᠤᠷᠭ᠎ᠠ ᠪᠠᠷᠢᠭᠰᠠᠨ ᠦᠭᠡᠢ ᠂ ᠰᠦᠨ ᠳ᠋ᠦ᠍ᠷ ᠴᠢᠨᠦ ᠬᠤᠷᠤᠭᠤ ᠲᠥᠷᠥᠭᠰᠡᠨ ᠦᠭᠡᠢ ᠪᠥᠭᠡᠲᠡᠯ᠎ᠡ ᠮᠠᠨ ᠤ᠋ ᠥᠰᠢᠶᠡᠲᠦ ᠳᠠᠢᠰᠤᠨ ᠢ᠋ ᠲᠡᠵᠢᠭᠡᠬᠦ ᠪᠡᠷ ᠦᠯᠦ ᠪᠠᠷᠠᠨ ᠲᠡᠭᠦᠨ ᠳ᠋ᠦ᠍ᠷ ᠪᠠᠰᠠ ᠠᠷᠭ᠎ᠠ ᠰᠤᠷᠭᠠᠨ ᠴᠡᠷᠢᠭ ᠥᠭᠴᠦ ᠮᠠᠨ ᠤ᠋ ᠡᠵᠡᠨ ᠢ᠋ ᠠᠷᠭᠠᠳᠠᠵᠤ ᠠᠯᠠᠷ᠎ᠠ ᠢᠯᠡᠭᠡᠭᠰᠡᠨ ᠴᠢᠨᠦ ᠶᠠᠭᠤᠨ ? ᠡᠨᠡ ᠶᠠᠯ᠎ᠠ ᠨᠢᠭᠡ ᠃ ᠳᠡᠳ᠋ ᠲᠣᠷ ᠮᠠᠨ ᠤ᠋ ᠡᠵᠡᠨ ᠥᠴᠦᠬᠡᠨ ᠥ ᠶ᠋ᠢ ᠣᠷᠬᠢᠵᠤ ᠂ ᠦᠯᠡᠮᠵᠢ ᠠᠭᠤᠳᠠᠮ ᠢ᠋ᠶ᠋ᠠᠷ ᠪᠠᠭᠲᠠᠭᠠᠵᠤ ᠂ ᠦᠷᠭᠦᠯᠵᠢ ᠨᠠᠢᠷ ᠲᠠᠢ ᠶᠠᠪᠤᠯᠴᠠᠶᠠ ᠭᠡᠮᠡᠨ ᠵᠠᠯᠮ᠎ᠠ ᠬᠤᠳᠠᠭᠠᠨ᠎ᠠ ᠬᠣᠶᠠᠷ ᠢ᠋ᠶ᠋ᠠᠷ ᠮᠢᠩᠭᠠᠨ ᠠᠴᠢᠶ᠎ᠠ ᠬᠦᠨᠳᠦ ᠪᠡᠯᠡᠭ ᠬᠦᠷᠭᠡᠭᠦᠯᠦᠨ ᠢᠯᠡᠭᠡᠲᠡᠯ᠎ᠡ ᠲᠠᠨ ᠤ᠋ ᠴᠡᠷᠢᠭ ᠲᠦ᠍ᠷ ᠱᠠᠩᠨᠠᠬᠤ ᠠ᠋ᠴᠠ ᠬᠠᠷᠠᠮᠯᠠᠵᠤ ᠂ ᠬᠤᠯᠠᠭᠠᠢ ᠴᠡᠷᠢᠭ ᠢ᠋ᠶ᠋ᠡᠷ ᠪᠤᠯᠢᠶᠠᠨ ᠠᠪᠬᠤ ᠪᠠᠷ ᠦᠯᠦ ᠪᠠᠷᠠᠨ ᠂ ᠮᠠᠨ ᠤ᠋ ᠡᠯᠴᠢ ᠪᠠ ᠬᠥᠲᠥᠯ ᠲᠡᠢ ᠴᠥᠮ ᠬᠦᠨᠳᠦ ᠰᠢᠷᠬᠠᠲᠤᠭᠤᠯᠵᠤ᠂ ᠪᠠᠰᠠ ᠬᠣᠷᠢᠵᠤ ᠦᠬᠦᠭᠦᠯᠦᠭᠰᠡᠨ ᠢᠨᠦ ᠬᠡᠳᠦᠢ ᠪᠠᠢᠬᠤ ᠶ᠋ᠢ ᠮᠡᠳᠡᠬᠦ ᠦᠭᠡᠢ ᠂ ᠡᠨᠡ ᠶᠠᠯ᠎ᠠ ᠬᠣᠶᠠᠷ ᠃ ᠭᠤᠲᠠᠭᠠᠷ ᠲᠤᠷ ᠮᠠᠨ ᠤ᠋ ᠡᠵᠡᠨ ᠬᠣᠶᠠᠷᠬᠠᠨ ᠲᠦᠮᠡᠨ ᠪᠡᠶ᠎ᠡ ᠬᠠᠮᠠᠭᠠᠯᠠᠬᠤ ᠰᠤᠯᠠ ᠴᠡᠷᠢᠭ ᠳᠠᠭᠠᠭᠤᠯᠵᠤ ᠂ ᠲᠠᠨ ᠯᠤᠭ᠎ᠠ ᠲᠠᠩᠭᠠᠷᠢᠭ ᠨᠡᠢᠯᠡᠵᠦ ᠡᠭᠦᠷᠢᠳᠡ ᠡᠶ᠎ᠡ ᠡᠪᠲᠡᠢ ᠶᠠᠪᠤᠶ᠎ᠠ ᠭᠡᠮᠡᠨ ᠡᠶᠡᠳᠡᠷᠡ ᠢᠷᠠᠪᠠᠰᠤ ᠂ ᠲᠠ ᠪᠠᠰᠠ ᠡᠨᠡ ᠮᠡᠲᠦ ᠬᠣᠷᠢᠨ ᠲᠦᠮᠡᠨ ᠴᠡᠷᠢᠭ ᠢ᠋ᠶ᠋ᠡᠷ ᠢ᠋ᠶ᠋ᠡᠨ ᠮᠠᠨ ᠢ᠋ ᠬᠠᠭᠠᠵᠤ ᠪᠠᠭᠤᠭᠠᠳ ᠮᠠᠨ ᠤ᠋ ᠡᠵᠡᠨ ᠦ᠌ ᠡᠮᠦᠨ᠎ᠡ ᠠᠮᠤᠷ ᠡᠷᠢᠬᠦ ᠡᠯᠴᠢ ᠶ᠋ᠢ ᠦᠯᠳᠡᠵᠦ ᠭᠠᠷᠭᠠᠭᠰᠠᠨ ᠡᠨᠡ ᠶᠠᠯ᠎ᠠ ᠭᠤᠷᠪᠠ ᠃ ᠡᠢᠮᠦ ᠭᠤᠷᠪᠠᠨ ᠳᠠᠪᠬᠤᠷ ᠶᠠᠯ᠎ᠠ ᠶ᠋ᠢ ᠡᠭᠦᠷᠴᠦ ᠪᠠᠢᠭᠠᠳ ᠪᠠᠰᠠ ᠢᠴᠢᠩᠭᠦᠷᠡᠯ ᠦᠭᠡᠢ ᠪᠡᠷ ᠴᠡᠷᠢᠭ ᠦ᠋ᠨ ᠣᠯᠠᠨ ᠳ᠋ᠤᠷ ᠡᠷᠡᠮᠰᠢᠨ ᠣᠨᠴᠠ ᠪᠠᠢᠯᠳᠤᠬᠤ ᠶ᠋ᠢ ᠵᠣᠭᠰᠣᠬᠤ ᠦᠭᠡᠢ ᠲᠤᠯᠠ ᠪᠢᠳᠡ ᠮᠥᠨ ᠬᠣᠢᠰᠢᠯᠠᠬᠤ ᠦᠭᠡᠢ ᠪᠡᠷ ᠪᠠᠢᠯᠳᠤᠮᠤᠢ ᠶᠠ ᠂ ᠰᠠᠢᠨ ᠡᠷ᠎ᠡ ᠬᠤᠯᠠᠭᠤᠵᠤ ᠦᠯᠦ ᠪᠠᠢᠯᠳᠤᠮᠤᠢ ᠰᠠᠢᠨ ᠮᠣᠷᠢ ᠬᠤᠳᠠᠷᠭᠠᠯᠠᠵᠤ ᠦᠯᠦ ᠢᠰᠬᠦᠯᠦᠮᠦᠢ !》 ᠬᠡᠮᠡᠭᠰᠡᠨ ᠡᠨᠡ ᠨᠢᠭᠡᠨ ᠵᠡᠷᠭᠡ ᠶ᠋ᠢᠨ ᠦᠭᠡᠰ ᠲᠣᠷ ᠵᠠᠯᠢᠲᠤ ᠬᠠᠭᠠᠨ ᠶᠡᠬᠡᠯ᠎ᠡ ᠭᠢᠯᠢᠭᠯᠡᠵᠦ ᠂ ᠡᠮᠦᠨ᠎ᠡ ᠪᠦᠬᠦᠢ ᠰᠢᠷᠡᠭᠡ ᠪᠡᠨ ᠨᠢᠭᠡᠨᠲᠡ ᠢᠰᠬᠦᠯᠦᠨ ᠤᠨᠠᠭᠠᠵᠤ ᠂ ᠥᠨᠳᠥᠷ ᠳᠠᠭᠤᠨ ᠢ᠋ᠶ᠋ᠠᠷ ᠪᠠᠷᠬᠢᠷᠠᠨ ᠬᠠᠷᠢᠶᠠᠵᠤ ᠥᠭᠦᠯᠡᠷᠦᠨ᠄《 ᠬᠤᠯᠤᠭᠠᠨ᠎ᠠ ᠮᠡᠲᠦ ᠥᠴᠦᠬᠡᠨ ᠪᠣᠭᠣᠯᠴᠤᠳ ᠶᠠᠮᠪᠠᠷ ᠠᠶᠤᠮᠰᠢᠭ ᠦᠭᠡᠢ ᠡᠨᠡ ᠮᠡᠲᠦ ᠦᠮᠡᠬᠡᠢ ᠦᠭᠡ ᠪᠡᠷ ᠡᠴᠢᠭᠡ ᠡᠪᠦᠭᠡ ᠪᠡᠨ ᠭᠤᠲᠤᠭᠠᠮᠤᠢ ?》 ᠬᠡᠮᠡᠬᠦᠢ ᠳ᠋ᠦ᠍ᠷ ᠠᠯᠤᠬ᠎ᠠ ᠂ ᠰᠦᠬᠡ ᠪᠠᠰᠠ ᠶᠡᠬᠡᠯ᠎ᠡ ᠠᠭᠤᠷᠯᠠᠨ ᠬᠠᠷᠢᠭᠤ ᠠᠠᠰᠤᠷᠤᠨ ᠬᠠᠷᠢᠶᠠᠵᠤ ᠥᠭᠦᠯᠡᠷᠦᠨ᠄《ᠥᠪᠡᠷ ᠢ᠋ᠶ᠋ᠡᠨ ᠦᠨᠡᠭᠡ ᠲᠠᠤᠯᠠᠢ ᠮᠡᠲᠦ ᠬᠤᠯᠠᠭᠠᠢ ᠬᠤᠳᠠᠯ ᠪᠥᠭᠡᠳ ᠬᠠᠷᠢᠨ ᠬᠥᠮᠦᠨ ᠦ᠌ ᠬᠡᠯᠡᠬᠦᠢ ᠳ᠋ᠦ᠍ᠷ ᠠᠭᠤᠷᠯᠠᠬᠤ ᠴᠢᠨᠦ ᠶᠠᠭᠤᠨ ? ᠥᠪᠡᠷ ᠢ᠋ᠶ᠋ᠡᠨ ᠬᠤᠯᠠᠭᠠᠢ ᠪᠥᠭᠡᠳ ᠬᠡᠨ ᠢ᠋ ᠬᠠᠷᠢᠶᠠᠮᠤᠢ ?》 ᠭᠡᠮᠡᠨ ᠬᠣᠶᠠᠷ ᠡᠲᠡᠭᠡᠳ ᠬᠠᠰᠬᠢᠷᠤᠯᠴᠠᠨ ᠡᠭᠦᠰᠬᠡᠭᠰᠡᠨ ᠳ᠋ᠦ᠍ᠷ ᠳᠡᠭᠦᠦ ᠢᠨᠤ ᠰᠦᠬᠡ ᠶᠠᠭᠠᠷᠠᠨ ᠵᠢᠭᠰᠠᠭᠠᠯ ᠤ᠋ᠨ ᠵᠡᠪᠰᠡᠭ ᠡᠴᠡ ᠨᠢᠭᠡᠨ ᠳ᠋ᠠᠮ ᠢᠯᠳᠦ ᠰᠤᠭᠤ ᠲᠡᠳᠡᠨ ᠠᠪᠴᠤ ᠮᠠᠢᠬᠠᠨ ᠤ᠋ ᠳᠣᠲᠣᠷᠠᠬᠢ ᠠᠷᠭᠠᠯ ᠤ᠋ᠨ ᠭᠠᠯ ᠢ᠋ ᠡᠳᠦᠵᠦ ᠠᠪᠤᠨ ᠵᠠᠯᠢᠲᠤ ᠬᠠᠭᠠᠨ ᠤ᠋ ᠪᠡᠯᠡᠨ ᠪᠦᠬᠦᠢ ᠦᠬᠡᠷ ᠫᠤᠤ ᠶ᠋ᠢᠨ ᠳᠡᠭᠡᠷ᠎ᠡ ᠠᠪᠠᠴᠢᠵᠤ ᠰᠠᠴᠤᠭᠰᠠᠨ ᠳ᠋ᠤᠷ ᠠᠷᠪᠠᠭᠠᠳ ᠦᠬᠡᠷ ᠫᠤᠤ ᠬᠠᠮᠲᠤ ᠪᠠᠷ ᠳᠠᠭᠤᠷᠢᠰᠴᠤ ᠲᠡᠭᠷᠢ ᠭᠠᠵᠠᠷ ᠳᠡᠯᠪᠡᠷᠡᠲᠡᠯ᠎ᠡ ᠳᠦᠴᠢᠭᠢᠨᠡᠭᠰᠡᠨᠡ ᠂ ᠭᠢᠯᠦᠭᠡᠨ ᠪᠠᠭᠠᠲᠤᠷ ᠂ ᠬᠣᠢᠯᠠᠲᠠᠷ ᠬᠣᠰᠢᠭᠤᠴᠢ ᠬᠣᠶᠠᠭᠤᠯᠠ ᠴᠢᠪᠬᠢᠲᠡᠯ᠎ᠡ ᠳᠣᠪᠲᠣᠯᠤᠨ ᠴᠡᠷᠢᠭ ᠦ᠋ᠨ ᠬᠦᠷᠢᠶᠡᠨ ᠦ᠌ ᠭᠠᠳᠠᠨ᠎ᠠ ᠬᠦᠷᠴᠦ ᠢᠷᠡᠭᠰᠡᠨ ᠳ᠋ᠦ᠍ᠷ ᠲᠣᠬᠢᠶᠠᠯᠳᠤᠵᠤ ᠂ ᠬᠠᠮᠲᠤ ᠪᠠᠷ ᠬᠠᠰᠬᠢᠷᠤᠯᠳᠤᠨ ᠰᠢᠭᠤᠳ ᠴᠣᠬᠢᠨ ᠠᠯᠠᠵᠤ ᠣᠷᠣᠵᠤ ᠢᠷᠡᠬᠦ ᠢᠨᠤ ᠬᠥᠮᠦᠨ ᠦᠭᠡᠢ ᠭᠠᠵᠠᠷ ᠶᠠᠪᠤᠬᠤ ᠮᠡᠲᠦ ᠃ ᠵᠠᠮ ᠳ᠋ᠤᠷ ᠳᠠᠭᠠᠷᠢᠭᠳᠠᠭᠰᠠᠨ ᠠᠨᠤ ᠴᠥᠮ ᠪᠠᠯᠪᠠ ᠬᠡᠮᠬᠡ ᠡᠴᠢᠵᠦ ᠂ ᠵᠡᠪᠰᠡᠭ ᠬᠠᠷᠴᠢᠭᠢᠨᠠᠨ ᠲᠡᠭᠷᠢ ᠳᠣᠩᠭᠣᠳᠤᠨ ᠠᠶᠤᠩᠭ᠎ᠠ ᠪᠠᠭᠤᠬᠤ ᠮᠡᠲᠦ ᠰᠢᠭᠤᠳ ᠳᠣᠪᠲᠣᠯᠤᠯᠴᠠᠨ ᠣᠷᠣᠵᠤ ᠢᠷᠡᠪᠡ ᠃ ᠡᠨᠡ ᠦᠶ᠎ᠡ ᠳ᠋ᠦ᠍ᠷ ᠵᠠᠯᠢᠲᠤ ᠬᠠᠭᠠᠨ ᠶᠡᠬᠡᠯ᠎ᠡ ᠬᠢᠯᠢᠩᠯᠡᠨ ᠲᠥᠷᠭᠡᠨ᠎ᠡ ᠡᠨᠡ ᠪᠣᠭᠣᠯ ᠢ᠋ ᠰᠢᠪᠡᠷ ᠪᠣᠯᠲᠠᠯ᠎ᠠ ᠴᠠᠪᠴᠢ ᠭᠡᠮᠡᠨ ᠬᠠᠰᠬᠢᠷᠤᠭᠰᠠᠨ ᠳ᠋ᠤᠷ ᠬᠣᠶᠠᠷ ᠡᠲᠡᠭᠡᠳ ᠦ᠋ᠨ ᠢᠯᠳᠦ ᠰᠦᠬᠡ ᠪᠠᠷᠢᠭᠰᠠᠨ ᠴᠡᠷᠢᠭ ᠬᠠᠮᠲᠤ ᠪᠠᠷ ᠬᠠᠰᠬᠢᠷᠤᠨ ᠲᠠᠪᠰᠢᠲᠠᠯᠠ ᠠᠯᠤᠬ᠎ᠠ ᠬᠡᠳᠦᠢᠨᠡᠢ ᠪᠡᠯᠡᠳᠬᠡᠵᠦ ᠪᠠᠢᠭᠰᠠᠨ ᠲᠤᠯᠠ ᠨᠢᠭᠡᠨᠲᠡ ᠨᠢᠭᠡᠨ ᠴᠡᠷᠢᠭ ᠦ᠋ᠨ ᠰᠤᠭᠤᠨ ᠤ᠋ ᠳᠣᠣᠭᠤᠷ ᠰᠢᠷᠭᠤᠨ ᠭᠠᠷᠤᠭᠠᠳ ᠪᠡᠶ᠎ᠡ ᠤᠷᠪᠠᠨ ᠲᠡᠭᠦᠨ ᠢ᠋ ᠢᠰᠬᠦᠯᠦᠨ ᠤᠨᠠᠭᠠᠵᠤ ᠂ ᠢᠯᠳᠦ ᠶ᠋ᠢ ᠪᠤᠯᠢᠶᠠᠨ ᠠᠪᠤᠭᠠᠳ ᠳᠠᠷᠠᠭ᠎ᠠ ᠪᠠᠷ ᠬᠡᠳᠦ ᠬᠡᠳᠦᠨ ᠬᠥᠮᠦᠨ ᠢ᠋ ᠴᠠᠪᠴᠢᠨ ᠤᠨᠠᠭᠠᠵᠤ ᠂ ᠬᠣᠶᠠᠷ ᠢᠯᠳᠦ ᠶ᠋ᠢ ᠠᠪᠴᠤ ᠰᠠᠯᠬᠢᠨ ᠭᠠᠯ ᠮᠡᠲᠦ ᠡᠷᠭᠢᠭᠦᠯᠵᠦ ᠂ ᠠᠬ᠎ᠠ ᠳᠡᠭᠦᠦ ᠬᠣᠶᠠᠭᠤᠯᠠ ᠵᠡᠭᠦᠨ ᠢ᠋ ᠴᠣᠬᠢᠨ ᠪᠠᠷᠠᠭᠤᠨ ᠢ᠋ ᠴᠠᠪᠴᠢᠵᠤ ᠂ ᠬᠣᠨᠢᠨ ᠤ᠋ ᠰᠦᠷᠦᠭ ᠲᠣᠷ ᠪᠠᠷᠰ ᠣᠷᠣᠭᠰᠠᠨ ᠮᠡᠲᠦ ! ᠵᠠᠯᠢᠲᠤ ᠬᠠᠭᠠᠨ ᠤ᠋ ᠰᠢᠳᠠᠷ ᠴᠡᠷᠢᠭ ᠬᠡᠳᠦᠢ ᠣᠯᠠᠨ ᠪᠣᠯᠪᠠᠴᠤ ᠰᠥᠨᠢ ᠬᠠᠷᠠᠩᠭᠤᠢ ᠲᠤᠯᠠ ᠶᠡᠬᠡᠯ᠎ᠡ ᠪᠠᠯᠠᠷᠠᠵᠤ ᠭᠠᠭᠴᠠ《 ᠬᠤᠷᠳᠤᠨ ᠪᠡᠷᠢ ! 》 ᠭᠡᠮᠡᠨ ᠪᠠᠷᠬᠢᠷᠠᠯᠴᠠᠬᠤ ᠠᠨᠤ ᠪᠠᠢᠬᠤ ᠪᠣᠢ ᠶᠠ ᠂ ᠰᠢᠭᠤᠳ ᠣᠷᠣᠬᠤ ᠠᠨᠤ ᠨᠢᠭᠡᠨ ᠴᠦ᠍ ᠦᠭᠡᠢ ᠃ ᠡᠭᠦᠨ᠎ᠡ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠠᠷᠤ ᠠᠷᠤ ᠪᠠᠨ ᠨᠡᠢᠯᠡᠭᠦᠯᠵᠦ ᠂ ᠳᠥᠷᠪᠡᠨ ᠬᠥᠯ ᠂ ᠳᠥᠷᠪᠡᠨ ᠭᠠᠷᠲᠤ ᠨᠢᠭᠡᠨ ᠬᠥᠮᠦᠨ ᠪᠣᠯᠤᠭᠠᠳ ᠣᠯᠠᠨ ᠴᠡᠷᠢᠭ ᠦ᠋ᠨ ᠳᠤᠮᠳᠠ ᠬᠥᠨᠳᠡᠯᠡᠨ ᠭᠤᠯᠳᠤ ᠴᠠᠪᠴᠢᠯᠬᠢᠯᠠᠨ ᠶᠠᠪᠤᠬᠤ ᠠᠨᠤ ᠪᠥᠮᠪᠥᠭᠡ ᠪᠠ ᠬᠦᠷᠳᠦᠨ ᠠᠳᠠᠯᠢ ᠂ ᠳᠡᠷᠭᠡᠳᠡ ᠢᠨᠤ ᠬᠥᠮᠦᠨ ᠬᠠᠯᠳᠠᠰᠢ ᠦᠭᠡᠢ ᠳ᠋ᠦ᠍ᠷ ᠵᠠᠯᠢᠲᠤ ᠬᠠᠭᠠᠨ ᠠᠶᠤᠩᠭ᠎ᠠ ᠮᠡᠲᠦ ᠬᠢᠯᠢᠩᠯᠡᠨ ᠂ ᠡᠭᠦᠯᠡᠲᠦ ᠲᠠᠭᠲᠤ ᠠ᠋ᠴᠠ ᠪᠠᠨ ᠳᠡᠪᠬᠡᠯᠦᠨ ᠪᠠᠭᠤᠵᠤ ᠢᠷᠡᠭᠡᠳ 《 ᠴᠠᠪᠴᠢ ! ᠲᠦᠷᠭᠡᠨ᠎ᠡ ᠪᠠᠯᠪᠠᠴᠢ !》 ᠭᠡᠮᠡᠨ ᠳᠠᠪᠬᠤᠷ ᠳᠠᠪᠬᠤᠷ ᠪᠠᠷᠬᠢᠷᠠᠨ ᠦᠰᠦᠷᠬᠢᠯᠡᠬᠦᠶᠡ ᠂ ᠡᠨᠡ ᠵᠠᠪᠰᠠᠷ ᠲᠤᠷ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠠᠷᠪᠠᠭᠠᠳ ᠬᠥᠮᠦᠨ ᠢ᠋ ᠴᠠᠪᠴᠢᠨ ᠤᠨᠠᠭᠠᠭᠰᠠᠨ ᠳ᠋ᠤᠷ ᠪᠠᠷᠢᠬᠤ ᠴᠡᠷᠢᠭ ᠨᠡᠩ ᠠᠶᠤᠯᠳᠤᠵᠤ ᠣᠢᠷ᠎ᠠ ᠡᠴᠢᠬᠦ ᠦᠭᠡᠢ ᠂ ᠭᠠᠭᠴᠠ ᠭᠠᠳᠠᠭᠤᠷ ᠠᠨᠤ ᠲᠣᠭᠣᠷᠢᠯᠴᠠᠨ ᠬᠠᠰᠬᠢᠷᠤᠯᠴᠠᠵᠤ ᠂ ᠲᠣᠭᠣᠭ᠎ᠠ ᠪᠤᠴᠠᠯᠬᠤ ᠮᠡᠲᠦ ᠪᠤᠷᠬᠢᠷᠠᠯᠳᠤᠨ ᠦᠢᠮᠡᠬᠦᠶᠡ ᠂ ᠭᠡᠨᠡᠳᠲᠡ ᠭᠠᠳᠠᠨ᠎ᠠ ᠠᠭᠤᠯᠠ ᠨᠤᠷᠠᠵᠤ ᠬᠠᠳᠠ ᠡᠮᠪᠦᠷᠢᠬᠦ ᠮᠡᠲᠦ ᠲᠦᠷᠴᠢᠭᠢᠨᠡᠵᠦ ᠂ ᠬᠣᠶᠠᠷ ᠵᠠᠩᠵᠤᠨ ᠬᠦᠷᠢᠶᠡᠨ ᠦ᠌ ᠳᠣᠲᠣᠷ᠎ᠠ ᠳᠣᠪᠲᠣᠯᠤᠭᠰᠠᠭᠠᠷ ᠣᠷᠣᠵᠤ ᠢᠷᠡᠭᠡᠳ ᠬᠣᠢᠨ᠎ᠠ ᠠ᠋ᠴᠠ ᠳᠠᠯᠠᠢ ᠪᠤᠴᠠᠯᠬᠤ ᠮᠡᠲᠦ ᠮᠥᠷᠡᠨ ᠪᠢᠯᠬᠠᠬᠤ ᠠᠳᠠᠯᠢ ᠦᠢᠮᠡᠯᠳᠦᠵᠦ ᠂ ᠶᠡᠬᠡ ᠴᠡᠷᠢᠭ ᠰᠢᠪᠲᠤᠯᠤᠨ ᠣᠷᠣᠵᠤ ᠢᠷᠡᠭᠡᠳ ᠲᠡᠷᠢᠭᠦᠯᠡᠭᠰᠡᠨ ᠬᠣᠶᠠᠷ ᠵᠠᠩᠵᠤᠨ ᠬᠦᠷᠢᠶᠡᠨ ᠦ᠌ ᠳᠤᠮᠳᠠ ᠬᠥᠨᠳᠡᠯᠡᠨ ᠲᠠᠲᠠᠭᠰᠠᠨ ᠪᠠᠷᠰ ᠤ᠋ᠨ ᠬᠠᠯᠬᠠᠪᠴᠢ ᠶ᠋ᠢ ᠮᠥᠷᠭᠥᠨ ᠤᠨᠠᠭᠠᠵᠤ ᠂ ᠪᠠᠰᠠ ᠵᠣᠭᠰᠣᠨ ᠴᠢᠳᠠᠬᠤ ᠦᠭᠡᠢ ᠰᠢᠭᠤᠳ ᠵᠠᠯᠢᠲᠤ ᠬᠠᠭᠠᠨ ᠤ᠋ ᠯᠤᠤ ᠶ᠋ᠢᠨ ᠴᠠᠴᠠᠷ ᠲᠤᠷ ᠳᠣᠪᠲᠣᠯᠤᠨ ᠣᠷᠣᠵᠤ ᠂ ᠰᠢᠷᠡᠭᠡ ᠢᠰᠡᠷᠢ ᠰᠠᠨᠳᠠᠯᠢ ᠰᠠᠭᠤᠳᠠᠯ ᠴᠥᠮ ᠪᠠᠯᠪᠠᠷᠠᠨ ᠬᠡᠮᠬᠡᠷᠡᠵᠦ ᠂ ᠬᠣᠶᠠᠷ ᠵᠠᠩᠵᠤᠨ ᠬᠥᠮᠦᠨ ᠮᠣᠷᠢ ᠲᠠᠢ ᠬᠠᠮᠲᠤ ᠥᠩᠬᠥᠷᠢᠨ ᠤᠨᠠᠬᠤᠶᠠ ᠂ ᠵᠠᠯᠢᠲᠤ ᠬᠠᠭᠠᠨ ᠳᠠᠭᠠᠷᠢᠭᠳᠠᠵᠤ ᠬᠠᠷᠠᠩᠭᠤᠳᠪᠠ ᠃ ᠬᠣᠶᠠᠷ ᠵᠠᠩᠵᠤᠨ ᠤ᠋ ᠮᠣᠷᠢ ᠯᠤᠤ ᠶ᠋ᠢᠨ ᠴᠠᠴᠠᠷ ᠤ᠋ᠨ ᠳᠣᠲᠣᠷ᠎ᠠ ᠥᠭᠡᠳᠡ ᠤᠷᠤᠭᠤ ᠦᠰᠦᠷᠬᠢᠯᠡᠨ ᠢᠰᠬᠦᠴᠡᠨ ᠲᠠᠢᠴᠢᠵᠤ ᠠᠳᠠᠪᠠᠰᠢ ᠰᠦᠷᠡᠬᠡᠢ ᠂ ᠬᠤᠢᠯᠠᠲᠠᠷ ᠬᠣᠰᠢᠭᠤᠴᠢ ᠭᠢᠯᠦᠭᠡᠨ ᠪᠠᠭᠠᠲᠤᠷ ᠬᠣᠶᠠᠭᠤᠯᠠ ᠦᠰᠦᠷᠦᠨ ᠪᠣᠰᠴᠤ ᠢᠷᠡᠲᠡᠯ᠎ᠡ ᠵᠠᠯᠢᠲᠤ ᠬᠠᠭᠠᠨ ᠤ᠋ ᠰᠢᠳᠠᠷ ᠴᠡᠷᠢᠭ ᠦ᠋ᠳ ᠠᠯᠤᠬ᠎ᠠ ᠰᠦᠬᠡ ᠬᠣᠶᠠᠷ ᠢ᠋ ᠣᠷᠬᠢᠵᠤ ᠬᠠᠭᠠᠨ ᠢ᠋ᠶ᠋ᠠᠨ ᠲᠡᠩᠬᠡᠷᠡᠭᠦᠯᠦᠷ᠎ᠡ ᠢᠷᠡᠭᠰᠡᠨ ᠳ᠋ᠦ᠍ᠷ ᠠᠯᠤᠬ᠎ᠠ ᠰᠦᠬᠡ ᠶ᠋ᠢᠨ ᠬᠦᠴᠦ ᠨᠡᠩ ᠨᠡᠮᠡᠭᠳᠡᠵᠦ ᠂ ᠪᠠᠰᠠ ᠴᠢᠯᠥᠭᠡ ᠣᠯᠵᠤ ᠳᠤᠲᠠᠭᠠᠭᠰᠠᠨ ᠠᠷᠠᠳ ᠤ᠋ᠨ ᠠᠷᠤ ᠶ᠋ᠢᠨ ᠬᠣᠢᠨ᠎ᠠ ᠠ᠋ᠴᠠ ᠴᠠᠪᠴᠢᠨ ᠬᠡᠳᠦᠨ ᠬᠥᠮᠦᠨ ᠢ᠋ ᠤᠨᠠᠭᠠᠵᠤ ᠂ ᠣᠷᠣᠭᠰᠢ ᠲᠡᠪᠰᠢᠨ ᠵᠠᠯᠢᠲᠤ ᠬᠠᠭᠠᠨ ᠢ᠋ ᠠᠯᠠᠷ᠎ᠠ ᠣᠷᠣᠵᠤ ᠢᠷᠡᠲᠡᠯ᠎ᠡ ᠬᠣᠢᠯᠠᠲᠠᠷ ᠬᠣᠰᠢᠭᠤᠴᠢ ᠭᠢᠯᠦᠭᠡᠨ ᠪᠠᠭᠠᠲᠤᠷ ᠬᠣᠶᠠᠭᠤᠯᠠ ᠪᠠᠰᠠ ᠬᠡᠳᠦᠢᠨᠡᠢ ᠢᠷᠡᠵᠦ ᠵᠠᠯᠢᠲᠤ ᠬᠠᠭᠠᠨ ᠤ᠋ ᠬᠣᠶᠠᠷ ᠭᠠᠷ ᠠ᠋ᠴᠠ ᠪᠠᠷᠢᠵᠤ ᠪᠤᠯᠢᠶᠠᠯᠳᠤᠨ ᠪᠦᠬᠦᠢ ᠳ᠋ᠦ᠍ᠷ ᠡᠳᠡᠨ ᠦ᠌ ᠠᠬ᠎ᠠ ᠳᠡᠭᠦᠦ ᠬᠣᠶᠠᠷ ᠪᠠᠰᠠ ᠶᠠᠭᠠᠷᠠᠨ ᠵᠠᠯᠢᠲᠤ ᠬᠠᠭᠠᠨ ᠤ᠋ ᠬᠣᠶᠠᠷ ᠬᠥᠯ ᠡᠴᠡ ᠢᠨᠤ ᠰᠢᠭᠦᠷᠡᠨ ᠪᠠᠷᠢᠵᠤ ᠬᠠᠷᠢᠯᠴᠠᠨ ᠪᠤᠯᠢᠶᠠᠯᠳᠤᠵᠤ ᠤᠬᠢᠶᠠᠭᠰᠠᠨ ᠳᠡᠪᠡᠯ ᠢ᠋ ᠨᠡᠷᠡᠨ᠎ᠡ ᠬᠠᠲᠠᠭᠠᠬᠤ ᠮᠡᠲᠦ ᠰᠠᠵᠢᠵᠤ ᠭᠦᠪᠢᠬᠦᠶᠡ ᠂ ᠭᠢᠯᠦᠭᠡᠨ ᠪᠠᠭᠠᠲᠤᠷ ᠥᠭᠦᠯᠡᠷᠦᠨ :《 ᠡᠨᠡ ᠶᠠᠭᠤᠮ᠎ᠠ ᠨᠢᠭᠡᠨᠲᠡ ᠪᠦᠷᠢᠯᠵᠦᠬᠦᠢ ᠂ ᠪᠢᠳᠡ ᠳᠥᠷᠪᠡᠭᠦᠯᠡ ᠠᠳᠠᠯᠢ ᠪᠠᠷ ᠬᠤᠪᠢᠶᠠᠯᠴᠠᠰᠤᠭᠠᠢ》 ᠬᠡᠮᠡᠮᠡᠭᠴᠡ ᠳᠥᠷᠪᠡᠨ ᠵᠡᠪᠰᠡᠭ ᠬᠠᠮᠲᠤ ᠪᠠᠷ ᠲᠣᠰᠴᠤ ᠵᠠᠯᠢᠲᠤ ᠬᠠᠭᠠᠨ ᠬᠡᠳᠦᠢᠨᠡᠢ ᠳᠥᠷᠪᠡᠨ ᠳᠠᠰᠢ ᠪᠣᠯᠵᠤ ᠂ ᠲᠣᠯᠣᠭᠠᠢ ᠪᠠ ᠪᠠᠷᠠᠭᠤᠨ ᠭᠠᠷ ᠬᠠᠭᠠᠰ ᠴᠡᠭᠡᠵᠢ ᠲᠡᠢ ᠬᠤᠢᠯᠠᠳᠠᠷ ᠬᠣᠰᠢᠭᠤᠴᠢ ᠶ᠋ᠢᠨ ᠭᠠᠷ ᠢ᠋ ᠳᠠᠭᠠᠵᠤ ᠡᠴᠢᠪᠡ ᠂ ᠠᠯᠤᠬ᠎ᠠ ᠳ᠋ᠤᠷ ᠨᠢᠭᠡᠨ ᠭᠠᠷ ᠬᠠᠭᠠᠰ ᠴᠡᠭᠡᠵᠢ ᠲᠡᠢ ᠠᠪᠲᠠᠪᠠ ᠂ ᠭᠢᠯᠦᠭᠡᠨ ᠪᠠᠭᠠᠲᠤᠷ ᠰᠦᠬᠡ ᠬᠣᠶᠠᠭᠤᠯᠠ ᠬᠣᠶᠠᠷ ᠬᠥᠯ ᠢ᠋ ᠣᠯᠵᠤ ᠳᠥᠷᠪᠡᠭᠦᠯᠡ ᠶᠡᠬᠡᠯ᠎ᠡ ᠪᠠᠶᠠᠷᠯᠠᠨ ᠬᠤᠪᠢᠶᠠᠯᠴᠠᠨ ᠰᠤᠢᠷᠠᠯᠴᠠᠭᠠᠳ ᠣᠯᠠᠨ ᠴᠡᠷᠢᠭ ᠢ᠋ᠶ᠋ᠡᠨ ᠠᠪᠴᠤ ᠵᠠᠯᠢᠲᠤ ᠬᠠᠭᠠᠨ ᠤ᠋ ᠰᠢᠳᠠᠷ ᠴᠡᠷᠢᠭ ᠦ᠋ᠳ ᠢ᠋ ᠡᠷᠢᠨ ᠠᠯᠠᠬᠤᠢ ᠳ᠋ᠤᠷ ᠰᠢᠳᠠᠷ ᠪᠠᠢᠭᠰᠠᠨ ᠭᠤᠴᠢ ᠳᠥᠴᠢᠨ ᠴᠡᠷᠢᠭ ᠨᠢᠭᠡᠨᠲᠡ ᠰᠠᠷᠨᠢᠯᠴᠠᠬᠤᠶᠠ ᠂ ᠡᠨᠡ ᠦᠶ᠎ᠡ ᠳ᠋ᠦ᠍ᠷ ᠰᠠᠢ ᠵᠠᠯᠢᠲᠤ ᠬᠠᠭᠠᠨ ᠤ᠋ ᠳᠣᠲᠣᠭᠠᠳᠤ ᠬᠣᠲᠠ ᠶ᠋ᠢ ᠰᠠᠬᠢᠭᠰᠠᠨ ᠭᠣᠴᠣᠭ ᠴᠡᠷᠢᠭ ᠦ᠋ᠳ ᠰᠠᠢ ᠵᠡᠪᠰᠡᠭ ᠢ᠋ᠶ᠋ᠡᠨ ᠠᠪᠤᠯᠴᠠᠵᠤ ᠂ ᠳᠣᠲᠣᠭᠠᠳᠤ ᠬᠦᠷᠢᠶ᠎ᠡ ᠶᠦ᠍ᠭᠡᠨ ᠲᠣᠭᠣᠷᠢᠨ ᠪᠦᠰᠡᠯᠡᠯᠴᠡᠬᠦᠶᠡ ᠂ ᠡᠨᠡ ᠦᠶ᠎ᠡ ᠳ᠋ᠦ᠍ᠷ ᠨᠠᠢ᠍ᠮᠠᠨ ᠮᠢᠩᠭᠠᠨ ᠪᠣᠯᠣᠳ ᠴᠡᠷᠢᠭ ᠬᠡᠳᠦᠢᠨᠡᠢ ᠴᠥᠮ ᠬᠠᠳᠠ ᠬᠠᠭᠠᠷᠠᠨ ᠴᠢᠯᠠᠭᠤ ᠥᠩᠬᠥᠷᠢᠬᠦ ᠮᠡᠲᠦ ᠣᠷᠣᠵᠤ ᠢᠷᠡᠭᠰᠡᠨ ᠲᠤᠯᠠ ᠵᠠᠯᠢᠲᠤ ᠬᠠᠭᠠᠨ ᠤ᠋ ᠳᠤᠮᠳᠠᠳᠤ ᠬᠦᠷᠢᠶ᠎ᠡ ᠮᠥᠨᠳᠥᠷ ᠲᠣᠷ ᠳᠠᠭᠠᠷᠢᠭᠳᠠᠭᠰᠠᠨ ᠨᠠᠪᠴᠢ ᠮᠡᠲᠦ ᠳᠥᠷᠪᠡᠨ ᠪᠠᠭᠠᠲᠤᠷ ᠬᠠᠮᠲᠤ ᠪᠠᠷ ᠭᠠᠯ ᠨᠣᠴᠣᠭᠠᠯᠭᠠᠨ ᠂ ᠵᠠᠯᠢᠲᠤ ᠬᠠᠭᠠᠨ ᠤ᠋ ᠶᠡᠬᠡ ᠯᠤᠤ ᠶ᠋ᠢᠨ ᠴᠠᠴᠠᠷ ᠲᠤᠷ ᠭᠠᠯ ᠨᠣᠴᠣᠭᠠᠨ ᠂ ᠳᠤᠮᠳᠠᠳᠤ ᠬᠦᠷᠢᠶ᠎ᠡ ᠳ᠋ᠦ᠍ᠷ ᠶᠡᠬᠡᠯ᠎ᠡ ᠭᠠᠯ ᠲᠠᠯᠪᠢᠨ ᠬᠥᠭᠵᠢᠭᠡᠭᠡᠳ ᠬᠤᠢᠯᠠᠲᠠᠷ ᠬᠣᠰᠢᠭᠤᠴᠢ ᠵᠠᠯᠢᠲᠤ ᠬᠠᠭᠠᠨ ᠤ᠋ ᠲᠣᠯᠣᠭᠠᠢ ᠶ᠋ᠢ ᠠᠨᠤ ᠲᠠᠰᠤ ᠴᠠᠪᠴᠢᠨ ᠠᠪᠴᠤ ᠦᠰᠦᠨ ᠡᠴᠡ ᠢᠨᠤ ᠠᠮᠠᠨ ᠳ᠋ᠤᠷ ᠢ᠋ᠶ᠋ᠠᠨ ᠵᠠᠭᠤᠵᠤ ᠂ ᠪᠦᠭᠦᠳᠡ ᠶ᠋ᠢᠨ ᠡᠮᠦᠨ᠎ᠡ ᠲᠡᠷᠢᠭᠦᠯᠡᠨ ᠨᠢᠭᠡᠨᠲᠡ ᠬᠠᠰᠬᠢᠷᠤᠨ ᠰᠢᠪᠲᠤᠯᠤᠨ ᠭᠠᠷᠴᠤ ᠠᠯᠠᠨ ᠰᠠᠷᠨᠢᠭᠤᠯᠬᠤ ᠠᠨᠤ ᠰᠦᠨ ᠰᠠᠮᠤᠷᠠᠨ ᠂ ᠠᠢᠷᠠᠭ ᠪᠦᠯᠢᠬᠦ ᠮᠡᠲᠦ ᠂ ᠬᠣᠢᠲᠤ ᠵᠦᠭ ᠴᠢᠰᠤᠨ ᠵᠠᠮ ᠭᠠᠷᠭᠠᠨ ᠡᠴᠢᠬᠦᠶ᠎ᠡ ᠠᠶᠤᠨ ᠬᠠᠯᠳᠠᠬᠤ ᠬᠥᠮᠦᠨ ᠦᠭᠡᠢ ᠃ ᠰᠠᠷᠯᠠᠭ ᠤ᠋ᠨ ᠭᠣᠴᠢᠭ ᠦᠵᠡᠪᠡᠰᠦ ᠂ ᠬᠠᠭᠠᠨ ᠢ᠋ ᠠᠨᠤ ᠪᠧᠲ᠋ᠠ᠋ ᠤᠯᠤᠰ ᠤ᠋ᠨ ᠳᠥᠷᠪᠡᠨ ᠵᠠᠩᠵᠤᠨ ᠮᠥᠴᠢᠯᠡᠨ ᠰᠠᠯᠭᠠᠨ ᠠᠪᠴᠤ ᠡᠭᠦᠷᠬᠦ ᠢᠨᠦ ᠡᠭᠦᠷᠦᠨ ᠂ ᠰᠤᠢᠷᠠᠬᠤ ᠠᠨᠤ ᠰᠦᠢᠷᠡᠵᠦ ᠠᠪᠠᠴᠢᠭ᠍ᠰᠠᠨ ᠲᠤᠯᠠ ᠨᠢᠭᠡᠨᠲᠡ ᠭᠠᠰᠢᠭᠤᠳᠠᠨ ᠪᠠᠷᠬᠢᠷᠠᠯᠴᠠᠵᠤ ᠂ ᠳᠥᠷᠪᠡᠨ ᠵᠦᠭ ᠰᠠᠷᠨᠢᠨ ᠪᠤᠲᠠᠷᠠᠯᠴᠠᠪᠠ ᠃ ᠡᠨᠡ ᠦᠶ᠎ᠡ ᠳ᠋ᠦ᠍ᠷ ᠫᠠᠳ ᠬᠠᠷᠠᠩᠭᠤᠢ ᠪᠣᠯᠵᠤ ᠡᠭᠦᠯᠡᠲᠦᠨ ᠠᠯᠢ ᠠᠯᠢ ᠠᠨᠤ ᠲᠠᠨᠢᠭᠳᠠᠬᠤ ᠦᠭᠡᠢ ᠪᠣᠯᠤᠭᠠᠳ ᠰᠠᠷᠯᠠᠭ ᠤ᠋ᠨ ᠵᠠᠩᠵᠤᠨ ᠰᠠᠭᠠᠷ ᠂ ᠳᠠᠷᠪᠡ ᠂ ᠤᠬᠠᠭᠠᠨᠲᠤ ᠨᠠᠷ ᠡᠨᠡ ᠦᠶ᠎ᠡ ᠳ᠋ᠦ᠍ᠷ ᠴᠥᠮ ᠭᠠᠳᠠᠭᠠᠳᠤ ᠴᠡᠷᠢᠭ ᠦ᠋ᠨ ᠣᠯᠠᠨ ᠬᠦᠷᠢᠶ᠎ᠡ ᠳ᠋ᠦ᠍ᠷ ᠲᠣᠭᠣᠷᠢᠨ ᠦᠵᠡᠬᠦᠶ᠎ᠡ ᠂ ᠣᠯᠠᠨ ᠴᠡᠷᠢᠭ ᠤᠨᠳᠤᠢ ᠰᠤᠨᠳᠤᠢ ᠥᠴᠦᠬᠡᠨ ᠴᠦ᠍ ᠰᠡᠷᠭᠡᠢᠯᠡᠨ ᠪᠣᠯᠭᠣᠮᠵᠢᠯᠠᠬᠤ ᠪᠠᠢᠳᠠᠯ ᠦᠭᠡᠢ ᠂ ᠰᠣᠭᠲᠣᠬᠤ ᠠᠨᠤ ᠰᠣᠭᠲᠣᠵᠤ ᠂ ᠤᠮᠳᠠᠬᠤ ᠠᠨᠤ ᠤᠮᠳᠠᠵᠤ ᠂ ᠮᠠᠰᠢ ᠦᠵᠡᠰᠢ ᠦᠭᠡᠢ ᠳ᠋ᠦ᠍ᠷ ᠬᠠᠷᠠᠬᠠᠨ ᠴᠢᠬᠤᠯᠳᠠᠵᠤ ᠂ ᠶᠠᠷᠢᠵᠤ ᠶᠠᠩᠰᠢᠨ ᠪᠥᠬᠥᠶ᠎ᠡ ᠂ ᠭᠡᠨᠡᠳᠲᠡ ᠴᠡᠷᠢᠭ ᠦ᠋ᠨ ᠬᠠᠭᠠᠯᠭᠠᠨ ᠤ᠋ ᠲᠤᠷᠰᠢᠭᠤᠯ ᠢᠷᠡᠵᠦ ᠮᠡᠳᠡᠭᠦᠯᠦᠷᠦᠨ :《 ᠪᠠᠷᠠᠭᠤᠨ ᠡᠮᠦᠨ᠎ᠡ ᠬᠠᠭᠠᠯᠭᠠᠨ ᠳ᠋ᠤᠷ ᠪᠧᠲ᠋ᠠ᠋ ᠤᠯᠤᠰ ᠤ᠋ᠨ ᠨᠢᠭᠡᠨ ᠠᠩᠭᠢ ᠴᠡᠷᠢᠭ ᠢᠷᠡᠪᠡ !》 ᠬᠡᠮᠡᠲᠡᠯ᠎ᠡ ᠡᠮᠦᠨ᠎ᠡ ᠲᠥᠪ ᠦ᠋ᠨ ᠬᠠᠭᠠᠯᠭ᠎ᠠ ᠠ᠋ᠴᠠ ᠪᠠᠰᠠ ᠬᠠᠷᠠᠭᠤᠯ ᠤ᠋ᠨ ᠴᠡᠷᠢᠭ ᠳᠣᠪᠲᠣᠯᠤᠨ ᠢᠷᠡᠵᠦ ᠮᠡᠳᠡᠭᠦᠯᠦᠷᠦᠨ :《 ᠡᠮᠦᠨ᠎ᠡ ᠬᠠᠭᠠᠯᠭ᠎ᠠ ᠪᠠᠷ ᠪᠧᠲ᠋ᠠ᠋ ᠤᠯᠤᠰ ᠤ᠋ᠨ ᠨᠢᠭᠡᠨ ᠠᠩᠭᠢ ᠴᠡᠷᠢᠭ ᠰᠣᠴᠢᠮᠠᠭ ᠢ᠋ᠶ᠋ᠠᠷ ᠴᠣᠬᠢᠨ ᠣᠷᠣᠵᠤ ᠡᠴᠢᠪᠡ ! 》 ᠬᠡᠮᠡᠲᠡᠯ᠎ᠡ ᠬᠣᠯᠠᠳᠠᠬᠢ ᠪᠠᠷᠠᠭᠤᠨ ᠡᠲᠡᠭᠡᠳ ᠦ᠋ᠨ ᠲᠤᠷᠰᠢᠭᠤᠯ ᠪᠠᠰᠠ ᠳᠣᠪᠲᠣᠯᠤᠨ ᠢᠷᠡᠵᠦ ᠮᠡᠳᠡᠭᠦᠯᠦᠷᠦᠨ : 《 ᠰᠠᠷᠯᠠᠭ ᠮᠥᠷᠡᠨ ᠦ᠌ ᠳᠡᠭᠡᠷ᠎ᠡ ᠣᠯᠣᠮ ᠢ᠋ᠶ᠋ᠠᠷ ᠪᠧᠲ᠋ᠠ᠋ ᠤᠯᠤᠰ ᠤ᠋ᠨ ᠴᠡᠷᠢᠭ ᠥᠩᠭᠡᠷᠡᠪᠡ ᠂ ᠬᠡᠳᠦᠢ ᠣᠯᠠᠨ ᠢ᠋ ᠮᠡᠳᠡᠬᠦ ᠦᠭᠡᠢ ᠃》 ᠬᠡᠮᠡᠭᠰᠡᠨ ᠳ᠋ᠦ᠍ᠷ ᠰᠠᠭᠠᠷ ᠨᠠᠷ ᠰᠠᠶᠢ ᠪᠠᠷᠠᠭᠤᠨ ᠡᠮᠦᠨ᠎ᠡ ᠴᠡᠷᠢᠭ ᠦ᠋ᠨ ᠳᠣᠬᠢᠶ᠎ᠠ ᠶ᠋ᠢ ᠲᠠᠯᠪᠢᠭᠤᠯᠵᠤ ᠣᠯᠠᠨ ᠴᠡᠷᠢᠭ ᠢ᠋ ᠬᠤᠷᠢᠶᠠᠲᠠᠯᠠ ᠭᠡᠨᠡᠳᠲᠡ ᠳᠤᠮᠳᠠᠳᠤ ᠬᠠᠭᠠᠨ ᠤ᠋ ᠬᠦᠷᠢᠶ᠎ᠡ ᠳ᠋ᠦ᠍ᠷ ᠫᠤᠤ ᠶ᠋ᠢᠨ ᠳᠠᠭᠤᠨ ᠳᠦᠴᠢᠭᠢᠨᠡᠵᠦ ᠂ ᠶᠡᠬᠡ ᠦᠢᠮᠡᠭᠡᠨ ᠳᠡᠭᠳᠡᠵᠦ ᠬᠠᠰᠬᠢᠷᠤᠯᠴᠠᠨ ᠡᠭᠦᠰᠬᠡᠪᠡ ᠃ ᠳᠠᠭᠠᠯᠳᠤᠭ᠎ᠠ ᠪᠠᠰᠠ ᠪᠠᠷᠠᠭᠤᠨ ᠬᠣᠢᠲᠤ ᠡᠲᠡᠭᠡᠳ ᠲᠣᠷ ᠳᠠᠷᠠᠭ᠎ᠠ ᠪᠠᠷ ᠭᠤᠷᠪᠠᠨ ᠶᠡᠬᠡ ᠫᠤᠤ ᠶ᠋ᠢᠨ ᠳᠠᠭᠤᠨ ᠬᠥᠩᠭᠢᠷᠡᠰᠦᠨ ᠭᠠᠷᠤᠮᠠᠭᠴᠠ ᠰᠠᠯᠬᠢᠨ ᠤ᠋ ᠳᠡᠭᠡᠷ᠎ᠡ ᠡᠴᠡ ᠬᠠᠰᠬᠢᠷᠬᠤ ᠳᠠᠭᠤᠨ ᠳᠠᠯᠠᠢ ᠪᠤᠴᠠᠯᠬᠤ ᠮᠡᠲᠦ ᠭᠠᠷᠴᠤ ᠭᠠᠭᠴᠠ 《 ᠠᠯᠠ !》 ᠬᠡᠮᠡᠬᠦ ᠳᠠᠭᠤᠨ ᠭᠠᠷᠴᠤ ᠬᠠᠷᠠᠬᠠᠨ ᠬᠡᠷᠬᠢᠬᠦ ᠪᠡᠨ ᠮᠡᠳᠡᠬᠦ ᠦᠭᠡᠢ ᠪᠥᠬᠥᠶ᠎ᠡ ᠂ ᠭᠡᠨᠡᠳᠲᠡ ᠪᠠᠰᠠ ᠡᠨᠡ ᠪᠠᠷᠠᠭᠤᠨ ᠡᠮᠦᠨ᠎ᠡ ᠬᠠᠭᠠᠯᠭ᠎ᠠ ᠶ᠋ᠢᠨ ᠭᠠᠳᠠᠨ᠎ᠠ ᠲᠡᠭᠷᠢ ᠳᠡᠯᠪᠡᠷᠡᠲᠡᠯ᠎ᠡ ᠨᠢᠭᠡᠨ ᠫᠤᠤ ᠳᠠᠭᠤᠷᠢᠰᠴᠤ ᠨᠢᠭᠡᠨ ᠰᠠᠯᠠᠭᠠᠨ ᠤ᠋ ᠴᠡᠷᠢᠭ ᠰᠢᠭᠤᠳ ᠠᠶᠤᠩᠭ᠎ᠠ ᠶ᠋ᠢᠨ ᠰᠤᠮᠤ ᠮᠡᠲᠦ ᠬᠠᠷᠪᠤᠨ ᠣᠷᠣᠵᠤ ᠢᠷᠡᠬᠦᠶ᠎ᠡ ᠂ ᠰᠠᠷᠯᠠᠭ ᠤ᠋ᠨ ᠴᠡᠷᠢᠭ ᠶᠠᠭᠠᠷᠠᠨ ᠰᠤᠮᠤ ᠳᠡᠯᠪᠢ ᠭᠡᠮᠡᠨ ᠬᠠᠷᠪᠤᠭᠤᠯᠬᠤᠢ ᠳ᠋ᠤᠷ ᠪᠧᠲ᠋ᠠ᠋ ᠤᠯᠤᠰ ᠤ᠋ᠨ ᠴᠡᠷᠢᠭ ᠥᠴᠦᠬᠡᠨ ᠴᠦ᠍ ᠲᠦᠳᠡᠭᠡᠯᠵᠡᠬᠦ ᠦᠭᠡᠢ ᠂ ᠰᠠᠯᠬᠢᠨ ᠡᠰᠡᠷᠭᠦ ᠰᠤᠮᠤ ᠬᠠᠷᠪᠤᠭᠰᠠᠨ ᠮᠡᠲᠦ ᠨᠢᠭᠡᠨᠲᠡ ᠬᠠᠰᠬᠢᠷᠤᠨ ᠬᠦᠷᠢᠶ᠎ᠡ ᠳ᠋ᠦ᠍ᠷ ᠴᠣᠬᠢᠨ ᠣᠷᠣᠵᠤ ᠢᠷᠡᠪᠡ ᠃ ᠬᠠᠭᠠᠯᠭᠠᠨ ᠤ᠋ ᠴᠡᠷᠢᠭ ᠲᠤᠯᠤᠨ ᠴᠢᠳᠠᠭᠰᠠᠨ ᠦᠭᠡᠢ ᠬᠣᠶᠠᠷ ᠲᠡᠰᠢ ᠬᠠᠭ᠎ᠠ ᠡᠴᠢᠵᠦ ᠰᠠᠯᠪᠠᠷᠠᠭᠰᠠᠨ ᠳ᠋ᠤᠷ ᠡᠨᠡ ᠨᠢᠭᠡᠨ ᠠᠩᠭᠢ ᠴᠡᠷᠢᠭ ᠦ᠋ᠨ ᠴᠣᠬᠢᠯᠠᠬᠢᠯᠠᠨ ᠶᠠᠪᠤᠬᠤ ᠠᠨᠤ ᠲᠠᠯ᠎ᠠ ᠶ᠋ᠢᠨ ᠡᠪᠡᠰᠦᠨ᠎ᠡ ᠠᠪᠤᠷᠭᠤ ᠮᠣᠭᠠᠢ ᠶᠠᠪᠤᠬᠤ ᠮᠡᠲᠦ ᠴᠢᠰᠤᠨ ᠵᠠᠮ ᠭᠠᠷᠭᠠᠨ ᠵᠡᠭᠦᠨ ᠬᠣᠢᠲᠤ ᠵᠦᠭ ᠠᠯᠠᠨ ᠡᠴᠢᠬᠦᠢ ᠳ᠋ᠦ᠍ᠷ ᠰᠠᠭᠠᠷ ᠶᠠᠭᠠᠷᠠᠨ ᠵᠡᠭᠦᠨ ᠪᠡᠶ᠎ᠡ ᠶ᠋ᠢᠨ ᠴᠡᠷᠢᠭ ᠢ᠋ ᠠᠪᠴᠤ ᠵᠠᠮ ᠲᠣᠰᠴᠤ ᠤᠭᠲᠤᠨ ᠢᠷᠡᠬᠦᠶ᠎ᠡ ᠴᠢᠪᠬᠢᠲᠡᠯ᠎ᠡ ᠵᠦᠯᠭᠡᠲᠡᠢ ᠪᠠᠭᠠᠲᠤᠷ ᠲᠤᠷ ᠤᠴᠠᠷᠠᠵᠤ ᠂ ᠵᠦᠯᠭᠡᠲᠡᠢ ᠨᠢᠭᠡᠬᠡᠨ ᠤᠳᠠᠭ᠎ᠠ ᠳ᠋ᠤᠷ ᠬᠣᠶᠠᠷ ᠠᠩᠭᠢ ᠪᠣᠯᠲᠠᠯ᠎ᠠ ᠴᠠᠪᠴᠢᠵᠤ ᠤᠨᠠᠭᠠᠭᠠᠳ ᠲᠣᠯᠣᠭᠠᠢ ᠶ᠋ᠢ ᠠᠪᠴᠤ ᠮᠣᠨᠴᠣᠭ ᠲᠤᠷ ᠢ᠋ᠶ᠋ᠠᠨ ᠤᠶᠠᠵᠤ ᠂ ᠳᠣᠣᠷᠠᠬᠢ ᠴᠡᠷᠢᠭ ᠢ᠋ ᠢᠨᠤ ᠠᠯᠠᠨ ᠰᠠᠷᠨᠢᠭᠤᠯᠪᠠ ᠃ ᠡᠭᠦᠨ ᠳ᠋ᠦ᠍ᠷ ᠭᠠᠳᠠᠨ᠎ᠠ ᠠ᠋ᠴᠠ ᠢᠷᠡᠭᠰᠡᠨ ᠣᠯᠠᠨ ᠠᠢᠮᠠᠭ ᠤ᠋ᠨ ᠴᠡᠷᠢᠭ ᠦ᠋ᠳ ᠶᠠᠭᠤ ᠶᠠᠭᠤᠨ ᠢ᠋ ᠮᠡᠳᠡᠬᠦ ᠦᠭᠡᠢ ᠂ ᠬᠡᠳᠦᠨ ᠡᠲᠡᠭᠡᠳ ᠫᠤᠤ ᠳᠠᠭᠤᠷᠢᠰᠴᠤ ᠥᠪᠡᠷ ᠪᠤᠰᠤᠳ ᠤ᠋ᠨ ᠠᠯᠢᠨ ᠤ᠋ ᠲᠡᠮᠳᠡᠭ ᠢ᠋ ᠴᠦ᠍ ᠮᠡᠳᠡᠬᠦ ᠦᠭᠡᠢ ᠂ ᠭᠠᠭᠴᠠ ᠳᠥᠷᠪᠡᠨ ᠵᠦᠭ ᠲᠦ᠍ᠷ ᠲᠣᠭᠣᠭ᠎ᠠ ᠪᠤᠴᠠᠯᠬᠤ ᠮᠡᠲᠦ ᠦᠢᠮᠡᠯᠳᠦᠵᠦ ᠪᠤᠷᠬᠢᠷᠠᠯᠳᠤᠬᠤᠶᠠ ᠂ ᠬᠠᠷᠠᠬᠠᠨ ᠠᠯᠮᠠᠢᠷᠠᠯᠴᠠᠨ ᠠᠲᠠᠯ᠎ᠠ ᠭᠡᠨᠡᠳᠲᠡ ᠠᠷᠤ ᠶ᠋ᠢᠨ ᠬᠣᠢᠨ᠎ᠠ ᠠ᠋ᠴᠠ ᠪᠤᠷᠬᠢᠷᠠᠯᠳᠤᠨ ᠬᠠᠰᠬᠢᠷᠴᠤ ᠪᠧᠲ᠋ᠠ᠋ ᠤᠯᠤᠰ ᠤ᠋ᠨ ᠶᠡᠬᠡ ᠴᠡᠷᠢᠭ ᠭᠠᠯ ᠡᠷᠭᠦᠨ ᠭᠡᠷᠡᠯ ᠰᠢᠲᠠᠭᠠᠵᠤ ᠂ ᠵᠢᠨᠦᠩ ᠮᠤᠬᠤᠯᠢ ᠶ᠋ᠢᠨ ᠶᠡᠬᠡ ᠲᠤᠭ ᠲᠡᠷᠢᠭᠦᠯᠡᠨ ᠠᠭᠤᠯᠠ ᠶᠡᠭᠦᠷᠡᠬᠦ ᠮᠡᠲᠦ ᠳᠠᠷᠤᠨ ᠣᠷᠣᠵᠤ ᠢᠷᠡᠬᠦᠶ᠎ᠡ ᠂ ᠣᠯᠠᠨ ᠴᠡᠷᠢᠭ ᠦ᠋ᠳ ᠰᠥᠰᠥ ᠬᠡᠮᠬᠡᠷᠡᠵᠦ ᠰᠢᠭᠤᠳ ᠪᠠᠢᠯᠳᠤᠯ ᠦᠭᠡᠢ ᠪᠠᠷᠠᠭᠤᠨ ᠳᠠᠰᠢ ᠳᠤᠲᠠᠭᠠᠨ ᠡᠴᠢᠲᠡᠯ᠎ᠡ ᠪᠠᠰᠠ ᠵᠦᠯᠭᠡᠲᠡᠢ ᠪᠠᠭᠠᠲᠤᠷ ᠤ᠋ᠨ ᠠᠯᠠᠨ ᠢᠷᠡᠬᠦ ᠨᠢᠭᠡᠨ ᠠᠩᠭᠢ ᠴᠡᠷᠢᠭ ᠲᠦ᠍ᠷ ᠤᠴᠠᠷᠠᠨ ᠡᠷᠭᠢᠵᠦ ᠵᠡᠭᠦᠨ ᠵᠦᠭ ᠡᠴᠢᠬᠦᠶ᠎ᠡ ᠂ ᠪᠠᠰᠠ ᠬᠣᠢᠯᠠᠳᠠᠷ ᠬᠣᠰᠢᠭᠤᠴᠢ ᠨᠠᠷ ᠤ᠋ᠨ ᠨᠢᠭᠡᠨ ᠠᠩᠭᠢ ᠴᠡᠷᠢᠭ ᠲᠦ᠍ᠷ ᠲᠠᠰᠤᠯᠤᠭᠳᠠᠭᠠᠳ ᠦᠯᠡᠭᠰᠡᠨ ᠢᠨᠤ ᠬᠣᠢᠲᠤ ᠵᠦᠭ ᠳᠤᠲᠠᠭᠠᠨ ᠡᠴᠢᠪᠡᠰᠦ ᠬᠣᠢᠲᠤ ᠪᠡᠶ᠎ᠡ ᠶ᠋ᠢᠨ ᠬᠡᠳᠦᠨ ᠬᠦᠷᠢᠶ᠎ᠡ ᠬᠡᠳᠦᠢᠨᠡᠢ ᠴᠥᠮ ᠰᠠᠮᠠᠭᠤᠷᠠᠨ ᠂ ᠪᠧᠲ᠋ᠠ᠋ ᠤᠯᠤᠰ ᠤ᠋ᠨ ᠴᠡᠷᠢᠭ ᠲᠦ᠍ᠷ ᠠᠪᠲᠠᠵᠤ ᠂ ᠬᠠᠷᠢᠨ ᠴᠥᠮ ᠶᠠᠪᠠᠭᠠᠨ ᠪᠣᠯᠤᠭᠠᠳ ᠡᠮᠦᠨᠡᠰᠢ ᠶᠠᠪᠠᠭᠠᠨ ᠢ᠋ᠶ᠋ᠠᠷ ᠳᠤᠲᠠᠭᠠᠯᠴᠠᠨ ᠭᠦᠶᠦᠯᠳᠦᠮᠦᠢ ᠃ ᠡᠭᠦᠨ ᠳ᠋ᠦ᠍ᠷ ᠰᠠᠷᠯᠠᠭ ᠤ᠋ᠨ ᠥᠪᠡᠷ ᠪᠤᠰᠤᠳ ᠤ᠋ᠨ ᠴᠡᠷᠢᠭ ᠨᠢᠭᠡᠨᠲᠡ ᠲᠥᠬᠥᠭᠡ ᠲᠣᠮᠣᠭ᠎ᠠ ᠪᠠᠨ ᠣᠯᠬᠤ ᠦᠭᠡᠢ ᠪᠣᠯᠤᠭᠠᠳ ᠵᠡᠭᠦᠨ ᠡᠮᠦᠨ᠎ᠡ ᠵᠦᠭ ᠣᠷᠣᠵᠤ ᠂《 ᠪᠧᠲ᠋ᠠ᠋ ᠤᠯᠤᠰ ᠤ᠋ᠨ ᠴᠡᠷᠢᠭ ᠣᠭᠲᠠᠷᠭᠤᠢ ᠠ᠋ᠴᠠ ᠪᠠᠭᠤᠵᠤ ᠢᠷᠡᠪᠡ !》 ᠭᠡᠮᠡᠨ ᠬᠠᠰᠬᠢᠷᠤᠯᠳᠤᠵᠤ ᠰᠠᠮᠠᠭᠤᠷᠠᠬᠤᠶᠠ ᠂ ᠳᠡᠷᠪᠡ ᠶᠠᠭᠠᠷᠠᠨ ᠪᠦᠷᠢᠶ᠎ᠡ ᠦᠯᠢᠶᠡᠯᠭᠡᠨ ᠣᠯᠠᠨ ᠴᠡᠷᠢᠭ ᠲᠦᠷᠭᠡᠨ ᠵᠡᠭᠦᠨ ᠡᠮᠦᠨ᠎ᠡ ᠬᠦᠷᠢᠶ᠎ᠡ ᠳ᠋ᠦ᠍ᠷ ᠡᠴᠢᠵᠦ ᠲᠡᠭᠰᠢᠯᠡᠨ ᠵᠢᠭᠰᠠᠭ᠎ᠠ ᠭᠡᠮᠡᠨ ᠵᠠᠷᠯᠠᠭᠰᠠᠨ ᠳ᠋ᠤᠷ ᠣᠯᠠᠨ ᠴᠡᠷᠢᠭ ᠵᠡᠭᠦᠨ ᠡᠮᠦᠨ᠎ᠡ ᠵᠦᠭ ᠣᠷᠣᠬᠤᠶ᠎ᠠ ᠂ ᠳᠠᠷᠪᠡ ᠪᠡᠶ᠎ᠡ ᠪᠡᠷ ᠲᠡᠷᠢᠭᠦᠯᠡᠨ ᠳᠤᠲᠠᠭᠠᠬᠤᠢ ᠳ᠋ᠤᠷ ᠴᠢᠪᠬᠢᠲᠡᠯ᠎ᠡ ᠬᠤᠢ᠍ᠯᠠᠲᠠᠷ ᠲᠠᠨ ᠤ᠋ ᠨᠢᠭᠡᠨ ᠠᠩᠭᠢ ᠴᠡᠷᠢᠭ ᠯᠦ᠍ᠭᠡ ᠤᠴᠠᠷᠠᠭᠠᠳ ᠦᠵᠡᠬᠦᠯ᠎ᠡ ᠂ ᠲᠡᠭᠦᠨ ᠦ᠌ ᠬᠠᠭᠠᠨ ᠤ᠋ ᠲᠡᠷᠢᠭᠦᠨ ᠢ᠋ ᠥᠨᠳᠥᠷ ᠲᠤᠭ ᠤ᠋ᠨ ᠳᠡᠭᠡᠷ᠎ᠡ ᠬᠠᠭᠠᠨ ᠤ᠋ ᠠᠯᠲᠠᠨ ᠮᠠᠯᠠᠭ᠎ᠠ ᠲᠠᠢ ᠠᠨᠤ ᠤᠶᠠᠵᠤ ᠂ ᠬᠠᠵᠠᠭᠤᠳᠠ ᠪᠠᠰᠠ ᠴᠠᠭᠠᠨ ᠵᠥᠭᠡᠢ ᠶ᠋ᠢᠨ ᠵᠤᠯᠠ ᠭᠠᠨᠵᠤᠭᠠᠯᠠᠵᠤᠬᠤᠢ ᠂᠂ ᠦᠵᠡᠰᠡ ᠭᠤᠷᠪᠠᠨ ᠡᠲᠡᠭᠡᠳ ᠦ᠋ᠨ ᠴᠡᠷᠢᠭ ᠪᠦᠭᠦᠳᠡᠭᠡᠷ ᠳᠤᠮᠳᠠᠳᠤ ᠡᠲᠡᠭᠡᠳ ᠦ᠋ᠨ ᠬᠣᠢᠯᠠᠲᠠᠷ ᠂ ᠭᠢᠯᠦᠭᠡᠨ ᠂ ᠠᠯᠤᠬ᠎ᠠ ᠰᠦᠬᠡ ᠲᠠᠨ ᠤ᠋ ᠫᠤᠤ ᠶ᠋ᠢᠨ ᠳᠠᠭᠤᠨ ᠳ᠋ᠤᠷ ᠠᠳᠠᠯᠢ ᠪᠠᠷ ᠭᠠᠷ ᠬᠥᠳᠡᠯᠵᠦ ᠳᠠᠷᠤᠨ ᠣᠷᠣᠬᠤᠶ᠎ᠠ ᠂ ᠲᠠᠢᠽᠦ ᠪᠠ ᠮᠤᠬᠤᠯᠢ ᠬᠣᠶᠠᠷ ᠠᠩᠭᠢ ᠴᠡᠷᠢᠭ ᠢ᠋ᠶ᠋ᠡᠷ ᠬᠣᠢᠲᠤ ᠡᠲᠡᠭᠡᠳ ᠡᠴᠡ ᠭᠠᠯ ᠡᠷᠭᠦᠨ ᠠᠯᠠᠨ ᠣᠷᠣᠭᠰᠠᠨ ᠠᠵᠤᠭᠤ ᠃ ᠡᠨᠡ ᠦᠶ᠎ᠡ ᠳ᠋ᠦ᠍ᠷ ᠰᠠᠷᠯᠠᠭ ᠤ᠋ᠨ ᠴᠡᠷᠢᠭ ᠥᠴᠦᠬᠡᠨ ᠴᠦ᠍ ᠰᠠᠨᠠᠭᠠᠨ ᠳ᠋ᠤᠷ ᠦᠭᠡᠢ ᠪᠠᠢᠭᠰᠠᠨ ᠲᠤᠯᠠ ᠮᠣᠷᠢ ᠡᠮᠡᠭᠡᠯᠯᠡᠨ ᠬᠤᠶᠠᠭ ᠡᠮᠦᠰᠴᠦ ᠵᠠᠪᠳᠤᠬᠤ ᠦᠭᠡᠢ ᠪᠣᠯᠤᠭᠰᠠᠨ ᠢ᠋ᠶ᠋ᠠᠷ ᠰᠢᠭᠤᠳ ᠪᠠᠢᠯᠳᠤᠯ ᠦᠭᠡᠢ ᠪᠡᠷ ᠵᠡᠭᠦᠨ ᠡᠮᠦᠨ᠎ᠡ ᠵᠦᠭ ᠡᠴᠢᠬᠦᠶ᠎ᠡ ᠂ ᠠᠯᠤᠬ᠎ᠠ ᠰᠦᠬᠡ ᠨᠠᠷ ᠤ᠋ᠨ ᠴᠡᠷᠢᠭ ᠲᠦ᠍ᠷ ᠬᠣᠶᠠᠷ ᠠᠩᠭᠢ ᠲᠠᠰᠤᠯᠤᠭᠳᠠᠪᠠ ᠃ ᠦᠯᠡᠳᠡᠭᠰᠡᠨ ᠴᠡᠷᠢᠭ ᠪᠠᠷᠠᠭᠤᠨ ᠡᠮᠦᠨ᠎ᠡ ᠡᠴᠡ ᠣᠷᠣᠭᠰᠠᠨ ᠵᠦᠯᠭᠡᠲᠡᠢ ᠶ᠋ᠢᠨ ᠴᠡᠷᠢᠭ ᠲᠦ᠍ᠷ ᠶᠡᠬᠡᠯ᠎ᠡ ᠠᠯᠠᠭᠳᠠᠵᠤ ᠬᠠᠮᠢᠭᠠᠰᠢ ᠡᠴᠢᠬᠦ ᠪᠡᠨ ᠣᠯᠬᠤ ᠦᠭᠡᠢ ᠰᠠᠮᠠᠭᠤᠷᠠᠯᠴᠠᠭᠠᠳ ᠥᠪᠡᠷ ᠵᠠᠭᠤᠷ᠎ᠠ ᠪᠠᠨ ᠭᠢᠰᠬᠢᠯᠴᠡᠨ ᠦᠬᠦᠭᠰᠡᠨ ᠢᠨᠤ ᠲᠣᠭᠠᠯᠠᠵᠤ ᠪᠠᠷᠠᠬᠤ ᠦᠭᠡᠢ ᠂ ᠴᠥᠮ ᠤᠷᠤᠭᠰᠢ ᠰᠠᠷᠯᠠᠭ ᠮᠥᠷᠡᠨ ᠦ᠌ ᠵᠦᠭ ᠡᠴᠢᠪᠡ ᠃ ᠡᠨᠡ ᠦᠶ᠎ᠡ ᠳ᠋ᠦ᠍ᠷ ᠪᠠᠷᠠᠭᠤᠨ ᠬᠣᠢᠲᠤ ᠂ ᠵᠡᠭᠦᠨ ᠬᠣᠢᠲᠤ ᠡᠲᠡᠭᠡᠳ ᠲᠣᠷ ᠴᠥᠮ ᠭᠠᠯ ᠲᠠᠯᠪᠢᠭᠤᠯᠤᠨ ᠴᠢᠬᠡ ᠬᠣᠢᠨ᠎ᠠ ᠠ᠋ᠴᠠ ᠲᠠᠢᠽᠦ ᠶ᠋ᠢᠨ ᠶᠡᠬᠡ ᠴᠡᠷᠢᠭ ᠬᠥᠨᠳᠡᠯᠡᠨ ᠵᠢᠭᠰᠠᠭᠠᠵᠤ ᠠᠯᠭᠤᠷ ᠳᠠᠷᠤᠨ ᠣᠷᠣᠪᠠ ᠃ ᠰᠠᠷᠯᠠᠭ ᠤ᠋ᠨ ᠰᠠᠮᠠᠭᠤᠷᠠᠭᠰᠠᠨ ᠴᠡᠷᠢᠭ ᠭᠠᠯ ᠤ᠋ᠨ ᠭᠡᠷᠡᠯ ᠢ᠋ ᠦᠵᠡᠭᠡᠳ ᠨᠡᠩᠳᠡ ᠰᠥᠰᠥ ᠬᠡᠮᠬᠡᠷᠡᠨ ᠂ ᠦᠬᠦᠪᠡᠴᠦ ᠬᠣᠢᠲᠤ ᠵᠦᠭ ᠬᠠᠨᠳᠤᠬᠤ ᠦᠭᠡᠢ ᠂ ᠵᠡᠭᠦᠨ ᠡᠮᠦᠨ᠎ᠡ ᠵᠦᠭ ᠶᠡᠭᠦᠷᠡᠨ ᠂ ᠥᠪᠡᠷ ᠦ᠋ᠨ ᠬᠦᠷᠢᠶ᠎ᠡ ᠪᠡᠨ ᠴᠥᠮ ᠳᠠᠭᠠᠷᠢᠨ ᠡᠪᠳᠡᠯᠡᠭᠡᠳ ᠬᠠᠷᠠᠬᠠᠨ ᠦᠶᠡᠷ ᠤᠷᠤᠰᠬᠤ ᠮᠡᠲᠦ ᠡᠴᠢᠬᠦᠶ᠎ᠡ ᠂ ᠰᠠᠷᠯᠠᠭ ᠤ᠋ᠨ ᠵᠡᠭᠦᠨ ᠡᠮᠦᠨ᠎ᠡ ᠶ᠋ᠢᠨ ᠬᠡᠳᠦᠨ ᠬᠦᠷᠢᠶᠡᠨ ᠦ᠌ ᠴᠡᠷᠢᠭ ᠦ᠋ᠳ ᠶᠡᠬᠡᠯ᠎ᠡ ᠰᠣᠴᠢᠵᠤ ᠂ ᠶᠠᠭᠠᠷᠠᠨ ᠮᠣᠷᠢ ᠡᠮᠡᠭᠡᠯᠯᠡᠨ ᠬᠤᠶᠠᠭ ᠡᠮᠦᠰᠴᠦ ᠬᠦᠯᠢᠶᠡᠬᠦᠶ᠎ᠡ ᠂ ᠳᠠᠷᠤᠭᠳᠠᠭᠰᠠᠨ ᠴᠡᠷᠢᠭ ᠦ᠋ᠨ ᠢᠷᠡᠬᠦ ᠢᠨᠦ ᠮᠠᠰᠢ ᠬᠦᠴᠦᠲᠡᠢ ᠶ᠋ᠢ ᠦᠵᠡᠭᠡᠳ ᠴᠠᠭᠠᠵᠠᠯᠠᠨ ᠵᠣᠭᠰᠣᠭᠠᠵᠤ ᠴᠢᠳᠠᠬᠤ ᠪᠣᠯᠬᠤ ᠦᠭᠡᠢ ᠪᠣᠯᠤᠭᠰᠠᠨ ᠢ᠋ ᠮᠡᠳᠡᠭᠡᠳ ᠵᠠᠮᠤᠬ᠎ᠠ ᠶᠡᠬᠡᠯ᠎ᠡ ᠰᠢᠬᠠᠮᠳᠠᠨ ᠶᠠᠭᠠᠷᠠᠨ ᠵᠡᠭᠦᠨ ᠡᠮᠦᠨ᠎ᠡ ᠶ᠋ᠢᠨ ᠴᠡᠷᠢᠭ ᠲᠦ᠍ᠷ ᠢᠷᠡᠬᠦ ᠴᠡᠷᠢᠭ ᠢ᠋ ᠬᠠᠷᠪᠤᠵᠤ ᠵᠣᠭᠰᠣᠭ᠎ᠠ ᠭᠡᠮᠡᠨ ᠵᠠᠷᠯᠠᠭᠰᠠᠨ ᠳ᠋ᠤᠷ ᠴᠡᠷᠢᠭ ᠦ᠋ᠨ ᠠᠷᠠᠳ ᠰᠠᠶᠢ ᠬᠡᠳᠦᠨ ᠰᠤᠮᠤ ᠬᠠᠷᠪᠤᠲᠠᠯᠠ ᠰᠠᠷᠯᠠᠭ ᠤ᠋ᠨ ᠬᠠᠪᠴᠢᠭᠳᠠᠭᠰᠠᠨ ᠴᠡᠷᠢᠭ ᠶᠡᠬᠡᠯ᠎ᠡ ᠴᠢᠬᠤᠯᠳᠠᠵᠤ :《 ᠲᠠ ᠨᠠᠷ ᠮᠠᠨ ᠢ᠋ ᠠᠪᠤᠷᠠᠬᠤ ᠦᠭᠡᠢ ᠪᠡᠷ ᠦᠯᠦ ᠪᠠᠷᠠᠨ ᠂ ᠶᠠᠭᠤᠨ ᠳ᠋ᠤᠷ ᠬᠠᠷᠢᠨ ᠬᠠᠷᠪᠤᠮᠤᠢ ?》 ᠬᠡᠮᠡᠯᠳᠦᠵᠦ ᠂ ᠡᠮᠦᠨ᠎ᠡ ᠪᠦᠬᠦᠢ ᠴᠡᠷᠢᠭ ᠨᠢᠭᠡᠨᠲᠡ ᠬᠠᠰᠬᠢᠷᠤᠨ ᠳᠠᠯᠠᠢ ᠲᠦᠯᠬᠢᠬᠦ ᠮᠡᠲᠦ ᠴᠣᠬᠢᠨ ᠣᠷᠣᠭᠰᠠᠨ ᠳ᠋ᠤᠷ ᠵᠡᠭᠦᠨ ᠠᠩᠭᠢ ᠶ᠋ᠢᠨ ᠴᠡᠷᠢᠭ ᠪᠠᠰᠠ ᠰᠠᠮᠠᠭᠤᠷᠠᠪᠠ ᠃ ᠵᠠᠮᠤᠬ᠎ᠠ ᠡᠨᠡ ᠪᠠᠢᠳᠠᠯ ᠢ᠋ ᠦᠵᠡᠬᠦᠯ᠎ᠡ ᠨᠢᠭᠡᠨᠲᠡ ᠵᠣᠭᠰᠣᠭᠠᠵᠤ ᠴᠢᠳᠠᠬᠤ ᠦᠭᠡᠢ ᠪᠣᠯᠤᠭᠰᠠᠨ ᠢ᠋ ᠮᠡᠳᠡᠭᠡᠳ ᠶᠠᠭᠠᠷᠠᠨ ᠬᠠᠷᠠᠩᠭ᠎ᠠ ᠴᠣᠬᠢᠭᠤᠯᠤᠨ ᠂ ᠥᠪᠡᠷ ᠦ᠋ᠨ ᠬᠠᠷᠢᠶᠠᠲᠤ ᠬᠡᠷᠡᠢᠳ ᠤᠯᠤᠰ ᠪᠠ ᠪᠠᠰᠠ ᠲᠣᠭᠮᠤᠭ ᠤᠯᠤᠰ ᠤ᠋ᠨ ᠴᠡᠷᠢᠭ ᠲᠡᠢ ᠬᠣᠶᠠᠷ ᠲᠦᠮᠡᠨ ᠴᠡᠷᠢᠭ ᠢ᠋ ᠠᠪᠴᠤ ᠬᠦᠷᠢᠶ᠎ᠡ ᠪᠡᠨ ᠣᠷᠬᠢᠭᠠᠳ ᠠᠭᠤᠳᠠᠮ ᠭᠠᠵᠠᠷ ᠭᠠᠷᠴᠤ ᠲᠡᠭᠰᠢᠯᠡᠰᠦᠭᠡᠢ ᠭᠡᠮᠡᠨ ᠤᠰᠤ ᠤᠷᠤᠭᠤᠳᠠᠨ ᠪᠤᠷᠤᠭᠤᠯᠠᠪᠠ ᠃ ᠦᠯᠡᠭᠰᠡᠨ ᠪᠤᠰᠤ ᠤᠯᠤᠰ ᠤ᠋ᠨ ᠴᠡᠷᠢᠭ ᠲᠡᠳᠡᠨ ᠢ᠋ ᠳᠠᠭᠠᠵᠤ ᠳᠤᠲᠠᠭᠠᠰᠤᠭᠠᠢ ᠬᠡᠮᠡᠲᠡᠯ᠎ᠡ ᠬᠣᠢᠲᠤ ᠡᠲᠡᠭᠡᠳ ᠲᠣᠷ ᠭᠠᠯ ᠤ᠋ᠨ ᠭᠡᠷᠡᠯ ᠮᠠᠨᠳᠤᠵᠤ ᠂ ᠵᠡᠭᠦᠨ ᠬᠣᠢᠲᠤ ᠵᠦᠭ ᠡᠴᠡ ᠬᠠᠰᠬᠢᠷᠬᠤ ᠳᠠᠭᠤᠨ ᠰᠣᠨᠣᠰᠳᠠᠬᠤ ᠲᠤᠯᠠ ᠵᠡᠭᠦᠨ ᠵᠦᠭ ᠡᠴᠢᠬᠦ ᠪᠡᠨ ᠪᠠᠢᠵᠤ ᠂ ᠰᠢᠭᠤᠳ ᠡᠮᠦᠨ᠎ᠡ ᠵᠦᠭ ᠰᠠᠷᠯᠠᠭ ᠮᠥᠷᠡᠨ ᠢ᠋ ᠭᠡᠲᠦᠯᠰᠦᠭᠡᠢ ᠭᠡᠮᠡᠨ ᠳᠤᠲᠠᠭᠠᠵᠤ ᠂ ᠰᠠᠷᠯᠠᠭ ᠮᠥᠷᠡᠨ ᠦ᠌ ᠬᠥᠪᠡᠭᠡ ᠳ᠋ᠦ᠍ᠷ ᠬᠦᠷᠲᠡᠯ᠎ᠡ ᠮᠥᠷᠡᠨ ᠦ᠌ ᠳᠡᠭᠡᠷ᠎ᠡ ᠡᠴᠡ ᠲᠦᠮᠡᠨ ᠮᠣᠷᠢ ᠳᠣᠪᠲᠣᠯᠬᠤ ᠮᠡᠲᠦ ᠬᠦᠷᠴᠢᠭᠢᠨᠡᠨ ᠮᠥᠷᠡᠨ ᠦ᠌ ᠤᠰᠤ ᠰᠠᠪᠠ ᠠ᠋ᠴᠠ ᠪᠠᠨ ᠪᠢᠯᠬᠠᠨ ᠭᠠᠷᠴᠤ ᠢᠷᠡᠭᠡᠳ ᠴᠡᠷᠢᠭ ᠴᠥᠮ ᠤᠰᠤᠨ ᠳ᠋ᠤᠷ ᠴᠠᠴᠠᠵᠤ ᠤᠰᠤ ᠤᠷᠤᠭᠤᠳᠠᠨ ᠤᠷᠤᠰᠴᠤ ᠡᠴᠢᠪᠡ ᠃
ᠡᠨᠡ ᠦᠶ᠎ᠡ ᠳ᠋ᠦ᠍ᠷ ᠤᠰᠤ ᠭᠡᠲᠦᠯᠰᠦᠭᠡᠢ ᠬᠡᠮᠡᠭᠰᠡᠨ ᠵᠠᠮᠤᠬ᠎ᠠ ᠶ᠋ᠢᠨ ᠴᠡᠷᠢᠭ ᠢᠨᠤ ᠴᠥᠮ ᠤᠰᠤᠨ ᠳ᠋ᠤᠷ ᠠᠪᠲᠠᠵᠤ ᠂ ᠵᠠᠮᠤᠬ᠎ᠠ ᠶ᠋ᠢᠨ ᠪᠡᠶ᠎ᠡ ᠢᠨᠤ ᠮᠥᠨ ᠤᠰᠤᠨ ᠳ᠋ᠤᠷ ᠳᠠᠭᠠᠷᠢᠭᠳᠠᠨ ᠥᠩᠬᠥᠷᠢᠨ ᠡᠴᠢᠬᠦᠶ᠎ᠡ ᠂ ᠴᠡᠷᠢᠭ ᠦ᠋ᠨ ᠠᠷᠠᠳ ᠶᠠᠭᠠᠷᠠᠨ ᠰᠢᠭᠦᠷᠡᠨ ᠠᠪᠴᠤ ᠬᠣᠢᠲᠤ ᠵᠦᠭ ᠡᠴᠢᠬᠦᠢ ᠳ᠋ᠦ᠍ᠷ ᠰᠠᠷᠯᠠᠭ ᠮᠥᠷᠡᠨ ᠦ᠌ ᠤᠰᠤ ᠠᠰᠤᠷᠤ ᠬᠣᠷᠢᠭᠳᠠᠭᠰᠠᠨ ᠲᠤᠯᠠ ᠰᠠᠪᠠ ᠠ᠋ᠴᠠ ᠪᠠᠨ ᠪᠢᠯᠬᠠᠵᠤ ᠂ ᠬᠣᠢᠲᠤ ᠪᠡᠶ᠎ᠡ ᠪᠡᠷ ᠪᠠᠰᠠ ᠨᠢᠭᠡᠨ ᠰᠠᠯᠪᠤᠷᠢ ᠣᠷᠣᠵᠤ ᠢᠷᠡᠭᠡᠳ ᠵᠠᠮᠤᠬ᠎ᠠ ᠬᠠᠭᠠᠭᠳᠠᠵᠤ ᠶᠠᠭᠠᠷᠠᠨ ᠰᠠᠯᠪᠤᠷᠢ ᠶ᠋ᠢ ᠬᠥᠨᠳᠡᠯᠡᠨ ᠡᠲᠡᠭᠡᠳ ᠡᠴᠡ ᠣᠭᠲᠣᠯᠤᠨ ᠭᠠᠷᠬᠤᠢ ᠳ᠋ᠤᠷ ᠤᠰᠤ ᠶᠡᠬᠡ ᠬᠦᠴᠦᠲᠡᠢ ᠲᠤᠯᠠ ᠵᠠᠮᠤᠬ᠎ᠠ ᠬᠥᠮᠦᠨ ᠮᠣᠷᠢ ᠲᠠᠢ ᠪᠠᠰᠠ ᠥᠩᠬᠥᠷᠢᠨ ᠤᠨᠠᠵᠤ ᠂ ᠬᠠᠭᠠᠰ ᠭᠠᠵᠠᠷ ᠬᠢᠷᠢᠲᠡᠢ ᠤᠷᠤᠰᠴᠤ ᠰᠠᠶᠢ ᠬᠣᠢᠲᠤ ᠬᠥᠪᠡᠭᠡᠨ ᠦ᠌ ᠴᠡᠷᠢᠭ ᠲᠡᠩᠬᠡᠷᠡᠭᠦᠯᠦᠨ ᠭᠠᠷᠭᠠᠪᠠ ᠃ ᠤᠰᠤ ᠵᠠᠯᠭᠢᠭᠰᠠᠨ ᠴᠡᠷᠢᠭ ᠢᠨᠦ ᠠᠮᠠ ᠬᠠᠪᠠᠷ ᠢ᠋ᠶ᠋ᠠᠷ ᠤᠰᠤ ᠭᠣᠭᠣᠵᠢᠵᠤ ᠂ ᠭᠡᠳᠡᠰᠦ ᠳᠥᠭᠥᠷᠦᠨ ᠬᠥᠳᠡᠯᠵᠦ ᠴᠢᠳᠠᠬᠤ ᠦᠭᠡᠢ ᠃ ᠦᠯᠡᠭᠰᠡᠨ ᠴᠡᠷᠢᠭ ᠢᠨᠦ ᠵᠠᠮᠤᠬ᠎ᠠ ᠶ᠋ᠢ ᠠᠴᠢᠵᠤ ᠪᠤᠷᠤᠭᠤᠯᠠᠨ ᠂ ᠨᠢᠭᠡᠨ ᠰᠥᠨᠢ ᠳᠣᠪᠲᠣᠯᠤᠭᠰᠠᠭᠠᠷ ᠠᠷᠠᠢᠬᠠᠨ ᠮᠤᠯᠲᠤᠷᠠᠨ ᠭᠠᠷᠪᠠ ᠃ ᠡᠨᠡ ᠦᠶ᠎ᠡ ᠳ᠋ᠦ᠍ᠷ ᠪᠧᠲ᠋ᠠ᠋ ᠤᠯᠤᠰ ᠤ᠋ᠨ ᠴᠡᠷᠢᠭ ᠪᠦᠷᠢᠨ᠎ᠡ ᠲᠠᠢᠯᠵᠤ ᠂ ᠰᠠᠷᠯᠠᠭ ᠤᠯᠤᠰ ᠤ᠋ᠨ ᠬᠦᠷᠢᠶ᠎ᠡ ᠶ᠋ᠢ ᠪᠦᠬᠦᠯᠢ ᠪᠡᠷ ᠣᠯᠪᠠᠢ ᠃ ᠰᠠᠷᠯᠠᠭ ᠤ᠋ᠨ ᠴᠡᠷᠢᠭ ᠦ᠋ᠨ ᠡᠮᠦᠨ᠎ᠡ ᠪᠡᠶ᠎ᠡ ᠶᠡᠬᠡ ᠮᠥᠷᠡᠨ ᠬᠣᠢᠲᠤ ᠪᠡᠶ᠎ᠡ ᠶᠡᠬᠡ ᠴᠡᠷᠢᠭ ᠂ ᠵᠡᠭᠦᠨ ᠪᠠᠷᠠᠭᠤᠨ ᠵᠦᠭ ᠲᠦ᠍ᠷ ᠭᠠᠯ ᠨᠣᠴᠣᠵᠤ ᠂ ᠤᠬᠢᠯᠠᠬᠤ ᠳᠠᠭᠤᠨ ᠮᠥᠷᠡᠨ ᠠᠨᠢᠷᠯᠠᠨ ᠂ ᠨᠢᠭᠡᠨᠲᠡ ᠬᠠᠭᠠᠭᠳᠠᠭᠰᠠᠨ᠎ᠠ ᠭᠡᠨᠡᠳᠲᠡ ᠪᠠᠰᠠ ᠡᠭᠦᠯᠡ ᠰᠡᠬᠦᠨ ᠰᠠᠷᠠᠨ ᠭᠠᠷᠴᠤ ᠰᠠᠯᠬᠢᠨ ᠵᠣᠭᠰᠣᠭᠰᠠᠨ᠎ᠠ ᠂ ᠪᠧᠲ᠋ᠠ᠋ ᠤᠯᠤᠰ ᠤ᠋ᠨ ᠵᠠᠷᠯᠠᠨ ᠪᠠᠷᠬᠢᠷᠠᠬᠤ ᠠᠨᠤ : 《 ᠰᠠᠷᠯᠠᠭ ᠤ᠋ᠨ ᠳᠠᠭᠠᠭᠰᠠᠨ ᠴᠡᠷᠢᠭ ᠢ᠋ ᠪᠢᠲᠡᠭᠡᠢ ᠠᠯᠠ ᠂ ᠬᠤᠶᠠᠭ ᠵᠡᠪᠰᠡᠭ ᠢ᠋ᠶ᠋ᠡᠨ ᠡᠰᠡ ᠲᠠᠢᠯᠤᠭᠰᠠᠨ ᠢ᠋ ᠠᠨᠤ ᠠᠯᠠ !》 ᠬᠡᠮᠡᠬᠦ ᠳᠠᠭᠤᠨ ᠤᠰᠤᠨ ᠤ᠋ ᠠᠯᠤᠰᠳᠠᠬᠤ ᠰᠣᠨᠣᠰᠳᠠᠮᠤᠢ ᠃ ᠡᠨᠡ ᠲᠤᠬᠠᠢ ᠤᠰᠤ ᠢᠷᠡᠬᠦ ᠶ᠋ᠢᠨ ᠤᠷᠢᠳ ᠵᠠᠪᠳᠤᠵᠤ ᠭᠠᠷᠤᠭᠰᠠᠨ ᠴᠡᠷᠢᠭ ᠡᠭᠦᠯᠡᠨ ᠴᠡᠷᠪᠢ ᠂ ᠪᠤᠯᠤ ᠨᠠᠷ ᠤ᠋ᠨ ᠴᠡᠷᠢᠭ ᠲᠦ᠍ᠷ ᠬᠠᠭᠠᠭᠳᠠᠵᠤ ᠂ ᠪᠠᠰᠠ ᠬᠣᠢᠨ᠎ᠠ ᠠ᠋ᠴᠠ ᠶᠡᠬᠡᠯ᠎ᠡ ᠦᠢᠮᠡᠵᠦ ᠦᠶᠡᠷ ᠬᠦᠷᠴᠦ ᠢᠷᠡᠭᠰᠡᠨ᠎ᠡ ᠰᠢᠬᠠᠮᠳᠠᠵᠤ ᠂ ᠴᠥᠮ ᠬᠤᠶᠠᠭ ᠢ᠋ᠶ᠋ᠠᠨ ᠲᠠᠢᠯᠤᠨ ᠵᠡᠪᠰᠡᠭ ᠢ᠋ᠶ᠋ᠡᠨ ᠣᠷᠬᠢᠭᠠᠳ ᠰᠥᠭᠥᠳᠴᠦ ᠳᠠᠭᠠᠪᠠ ᠃ ᠤᠰᠤᠨ ᠤ᠋ ᠬᠣᠢᠲᠤ ᠬᠣᠴᠣᠷᠤᠭᠰᠠᠨ ᠴᠡᠷᠢᠭ ᠡᠨᠡ ᠵᠠᠷᠯᠠᠯ ᠢ᠋ ᠰᠣᠨᠣᠰᠤᠮᠠᠭᠴᠠ ᠳᠤᠷᠠᠲᠠᠶ᠎ᠠ ᠪᠠᠷᠬᠢᠷᠠᠯᠴᠠᠨ ᠰᠥᠭᠥᠳᠴᠦ ᠬᠤᠶᠠᠭ ᠢ᠋ᠶ᠋ᠠᠨ ᠲᠠᠢᠯᠤᠨ ᠵᠡᠪᠰᠡᠭ ᠢ᠋ᠶ᠋ᠡᠨ ᠣᠪᠣᠭᠠᠯᠠᠵᠤ ᠳᠠᠭᠠᠪᠠ ᠃
ᠲᠡᠭᠦᠨᠴᠡ ᠵᠢᠨᠦᠩ ᠮᠤᠬᠤᠯᠢ ᠲᠠᠢᠽᠦ ᠶ᠋ᠢ ᠰᠠᠷᠯᠠᠭ ᠤ᠋ᠨ ᠬᠦᠷᠢᠶ᠎ᠡ ᠳ᠋ᠦ᠍ᠷ ᠪᠠᠭᠤᠯᠭᠠᠭᠠᠳ ᠳᠠᠢᠰᠤᠨ ᠢ᠋ ᠳᠠᠷᠤᠬᠤᠢ ᠳ᠋ᠤᠷ ᠳᠠᠪᠤᠰᠤ ᠮᠡᠲᠦ ᠳᠠᠷᠤᠢ ᠳ᠋ᠤᠷ ᠰᠠᠢᠨ ᠂ ᠴᠡᠷᠢᠭ ᠢ᠋ ᠳᠠᠷᠤᠬᠤᠢ ᠳ᠋ᠤᠷ ᠴᠠᠬᠢᠯᠭᠠᠨ ᠠᠳᠠᠯᠢ ᠲᠦᠷᠭᠡᠨ᠎ᠡ ᠰᠠᠢᠨ ᠬᠡᠮᠡᠵᠦ ᠂ ᠳᠥᠷᠪᠡᠨ ᠠᠩᠭᠢ ᠴᠡᠷᠢᠭ ᠢ᠋ ᠨᠡᠢᠯᠡᠭᠦᠯᠵᠦ ᠲᠡᠭᠰᠢᠯᠡᠭᠡᠳ ᠵᠡᠭᠦᠨ ᠵᠦᠭ ᠳᠠᠷᠤᠨ ᠣᠷᠣᠵᠤ ᠂ ᠰᠠᠷᠯᠠᠭ ᠤ᠋ᠨ ᠬᠠᠭᠠᠨ ᠤ᠋ ᠲᠣᠯᠣᠭᠠᠢ ᠶ᠋ᠢ ᠥᠨᠳᠥᠷ ᠡᠷᠭᠦᠭᠦᠯᠦᠨ ᠥᠪᠡᠷ ᠦ᠋ᠨ ᠪᠡᠶ᠎ᠡ ᠪᠡᠷ ᠲᠡᠷᠢᠭᠦᠯᠡᠨ ᠬᠥᠭᠡᠭᠡᠨ ᠡᠴᠢᠵᠦ ᠂ ᠪᠢᠯᠬᠠᠵᠤ ᠭᠠᠷᠤᠭᠰᠠᠨ ᠴᠡᠷᠢᠭ ᠪᠠ ᠤᠰᠤᠨ ᠳ᠋ᠤᠷ ᠴᠠᠴᠠᠭᠰᠠᠨ ᠴᠡᠷᠢᠭ ᠲᠡᠢ ᠭᠤᠴᠢᠨ ᠭᠠᠵᠠᠷ ᠢᠯᠡᠭᠦᠦ ᠶᠠᠪᠤᠵᠤ ᠴᠥᠮ ᠬᠤᠷᠢᠶᠠᠮᠵᠢᠯᠠᠨ ᠳᠠᠭᠠᠭᠤᠯᠵᠤ ᠂ ᠭᠡᠭᠡᠷᠡᠬᠦ ᠶ᠋ᠢᠨ ᠦᠶ᠎ᠡ ᠳ᠋ᠦ᠍ᠷ ᠡᠭᠡᠵᠦ ᠢᠷᠡᠭᠡᠳ ᠪᠠᠰᠠ ᠲᠠᠢᠽᠦ ᠶ᠋ᠢᠨ ᠰᠢᠳᠠᠷ ᠪᠠᠢᠭᠰᠠᠨ ᠠᠮᠤᠷ ᠴᠡᠷᠢᠭ ᠢ᠋ ᠪᠦᠬᠦ ᠪᠡᠯᠭᠦᠳᠡᠢ ᠬᠠᠪᠤᠲᠤ ᠬᠠᠰᠠᠷ ᠬᠣᠶᠠᠭᠤᠯᠠ ᠳ᠋ᠤᠷ ᠲᠤᠰᠢᠶᠠᠨ ᠥᠭᠴᠦ ᠮᠥᠷᠡᠨ ᠦ᠌ ᠬᠣᠶᠠᠷ ᠬᠥᠪᠡᠭᠡ ᠶ᠋ᠢᠨ ᠦᠬᠦᠳᠡᠯ ᠢ᠋ ᠬᠤᠷᠢᠶᠠᠯᠭᠠᠨ ᠂ ᠬᠤᠶᠠᠭ ᠵᠡᠪᠰᠡᠭ ᠢ᠋ ᠲᠡᠭᠦᠯᠭᠡᠵᠦ ᠂ ᠳᠠᠭᠠᠭᠰᠠᠨ ᠴᠡᠷᠢᠭ ᠦ᠋ᠨ ᠲᠣᠭ᠎ᠠ ᠶ᠋ᠢ ᠠᠪᠤᠭᠤᠯᠪᠠᠰᠤ ᠤᠷᠢᠳ ᠬᠣᠵᠢᠳ ᠲᠠᠢ ᠨᠠᠢ᠍ᠮᠠᠨ ᠲᠦᠮᠡᠨ ᠳᠣᠯᠣᠭᠠᠨ ᠮᠢᠩᠭᠠᠨ ᠢᠯᠡᠭᠦᠦ ᠂ ᠬᠤᠶᠠᠭ ᠳᠤᠭᠤᠯᠠᠭ᠎ᠠ ᠵᠠᠷ ᠵᠡᠪᠰᠡᠭ ᠨᠠᠢ᠍ᠮᠠᠨ ᠵᠠᠭᠤᠨ ᠢᠯᠡᠭᠦᠦ ᠲᠡᠷᠭᠡ ᠂ ᠮᠣᠷᠢ ᠡᠮᠡᠭᠡᠯ ᠶᠢᠰᠦᠨ ᠲᠦᠮᠡᠨ ᠢᠯᠡᠭᠦᠦ ᠣᠯᠵᠠᠯᠠᠵᠤ ᠂ ᠨᠠᠷᠠᠨ ᠭᠠᠷᠬᠤ ᠦᠶ᠎ᠡ ᠣᠯᠠᠨ ᠵᠠᠩᠵᠤᠨ ᠴᠡᠷᠢᠭ ᠲᠤᠰ ᠲᠤᠰ ᠤ᠋ᠨ ᠭᠠᠪᠢᠶ᠎ᠠ ᠪᠠᠨ ᠮᠡᠳᠡᠭᠦᠯᠬᠦᠶᠡ ᠂ ᠬᠣᠢᠯᠠᠳᠠᠷ ᠬᠣᠰᠢᠭᠤᠴᠢ ᠂ ᠭᠢᠯᠦᠭᠡᠨ ᠪᠠᠭᠠᠲᠤᠷ ᠂ ᠠᠯᠤᠬ᠎ᠠ ᠂ ᠰᠦᠬᠡ ᠳᠥᠷᠪᠡᠭᠦᠯᠡ ᠵᠠᠯᠢᠲᠤ ᠬᠠᠭᠠᠨ ᠤ᠋ ᠪᠡᠶ᠎ᠡ ᠶ᠋ᠢ ᠳᠥᠷᠪᠡᠨ ᠥᠪᠡᠷ᠎ᠡ ᠪᠡᠷ ᠠᠪᠴᠤ ᠢᠷᠡᠭᠡᠳ ᠲᠠᠢᠽᠦ ᠶ᠋ᠢᠨ ᠡᠮᠦᠨ᠎ᠡ ᠨᠡᠢᠯᠡᠭᠦᠯᠦᠨ ᠲᠠᠯᠪᠢᠲᠠᠯ᠎ᠠ ᠮᠤᠬᠤᠯᠢ ᠲᠣᠯᠣᠭᠠᠢ ᠶ᠋ᠢ ᠠᠨᠤ ᠠᠴᠢᠷᠠᠭᠤᠯᠤᠨ ᠮᠥᠨ ᠨᠡᠢᠯᠡᠭᠦᠯᠦᠨ ᠲᠠᠯᠪᠢᠭᠰᠠᠨ ᠳ᠋ᠤᠷ ᠲᠠᠢᠽᠦ ᠦᠵᠡᠪᠡᠰᠦ ᠵᠦᠯᠭᠡᠲᠡᠢ ᠪᠠᠰᠠ ᠰᠠᠭᠠᠷ ᠤ᠋ᠨ ᠲᠣᠯᠣᠭᠠᠢ ᠶ᠋ᠢ ᠠᠨᠤ ᠠᠴᠢᠷᠠᠵᠤ ᠂ ᠵᠠᠯᠢᠲᠤ ᠬᠠᠭᠠᠨ ᠤ᠋ ᠠᠯᠠᠨ ᠬᠣᠭᠣᠷᠣᠨᠳᠣ ᠴᠣᠬᠢᠪᠠ ᠃ ᠳᠡᠷᠪᠡ ᠵᠡᠭᠦᠨ ᠡᠮᠦᠨ᠎ᠡ ᠰᠠᠮᠠᠭᠤᠨ ᠰᠤᠮᠤ ᠳ᠋ᠤᠷ ᠦᠬᠦᠪᠡ ᠃ ᠭᠠᠭᠴᠠ ᠤᠬᠠᠭᠠᠨᠲᠤ ᠠᠨᠤ ᠣᠷᠣᠨ ᠦᠭᠡᠢ ᠃ ᠲᠠᠢᠽᠦ ᠮᠤᠬᠤᠯᠢ ᠶ᠋ᠢᠨ ᠵᠦᠭ ᠡᠨᠡᠷᠢᠯᠲᠦ ᠴᠢᠷᠠᠢ ᠪᠠᠷ ᠥᠭᠦᠯᠡᠷᠦᠨ᠄《 ᠵᠠᠯᠢᠲᠤ ᠬᠠᠭᠠᠨ ᠢ᠋ ᠶᠠᠭᠤᠨ ᠳ᠋ᠤᠷ ᠠᠯᠠᠬᠤᠢ ᠳ᠋ᠤᠷ ᠭᠥᠷᠦᠭᠦᠯᠪᠡ ?》 ᠮᠤᠬᠤᠯᠢ ᠮᠡᠳᠡᠭᠦᠯᠦᠷᠦᠨ : 《 ᠲᠦᠰᠢᠮᠡᠯ ᠪᠢ ᠴᠦ᠍ ᠪᠢᠲᠡᠭᠡᠢ ᠠᠯᠠᠭᠲᠤᠨ ᠬᠡᠮᠡᠭᠰᠡᠨ ᠪᠥᠯᠥᠭᠡ ᠂ ᠡᠨᠡ ᠳᠥᠷᠪᠡᠭᠦᠯᠡ ᠪᠤᠯᠢᠶᠠᠯᠳᠤᠭᠰᠠᠭᠠᠷ ᠮᠥᠴᠢᠯᠡᠨ ᠰᠠᠯᠭᠠᠵᠤᠬᠤᠢ ᠂ ᠠᠯᠠᠪᠠᠴᠤ ᠮᠥᠨ ᠢᠯᠡᠭᠦᠳᠡᠬᠦ ᠦᠭᠡᠢ ᠂ ᠣᠯᠠᠨ ᠤᠯᠤᠰ ᠢ᠋ ᠨᠡᠢᠯᠡᠭᠦᠯᠦᠭᠰᠡᠨ ᠶᠠᠪᠤᠳᠠᠯ ᠡᠭᠦᠨ ᠡᠴᠡ ᠡᠬᠢᠯᠡᠪᠡ ᠃ ᠬᠡᠷᠪᠡ ᠡᠭᠦᠨ ᠢ᠋ ᠡᠰᠡ ᠠᠯᠠᠪᠠᠰᠤ ᠡᠭᠦᠨ ᠡᠴᠡ ᠬᠣᠵᠢᠮ ᠬᠠᠷᠢᠨ ᠮᠠᠭᠤ ᠰᠤᠷᠲᠠᠯ ᠪᠣᠯᠵᠤ ᠪᠠᠢᠨ ᠪᠠᠢᠨ ᠡᠢᠨ ᠬᠦ᠌ ᠴᠢᠭᠤᠯᠤᠭᠤᠯᠪᠠᠰᠤ ᠨᠠᠭᠠᠳᠤᠮ ᠪᠤᠰᠤ ᠪᠣᠯᠠᠢ !》 ᠬᠡᠮᠡᠭᠰᠡᠨ ᠳ᠋ᠦ᠍ᠷ ᠲᠠᠢᠽᠦ ᠠᠷᠭ᠎ᠠ ᠦᠭᠡᠢ ᠵᠠᠯᠢᠲᠤ ᠬᠠᠭᠠᠨ ᠤ᠋ ᠶᠠᠰᠤᠨ ᠢ᠋ ᠱᠠᠷᠢᠯᠯᠠᠭᠤᠯᠬᠤᠢ ᠳ᠋ᠤᠷ ᠮᠥᠨ ᠬᠦ᠌ ᠬᠠᠭᠠᠨ ᠤ᠋ ᠮᠠᠯᠠᠭ᠎ᠠ ᠶ᠋ᠢ ᠠᠨᠤ ᠡᠮᠦᠰᠬᠡᠭᠦᠯᠪᠡ ᠃ ᠳᠥᠷᠪᠡᠨ ᠵᠠᠩᠵᠤᠨ ᠢ᠋ ᠳᠠᠭᠤᠳᠠᠨ ᠣᠷᠣᠭᠤᠯᠤᠨ ᠂ ᠲᠡᠷᠢᠭᠦᠨ ᠦ᠌ ᠲᠡᠷᠢᠭᠦᠨ ᠭᠠᠪᠢᠶ᠎ᠠ ᠪᠠᠷ ᠠᠳᠠᠯᠢ ᠱᠠᠩᠨᠠᠵᠤ ᠂ ᠳᠣᠷᠣᠭᠰᠢ ᠢᠯᠭᠠᠨ ᠰᠠᠯᠭᠠᠨ ᠱᠠᠩᠨᠠᠬᠤᠶ᠎ᠠ ᠂ ᠲᠠᠢᠽᠦ ᠪᠠᠰᠠ ᠮᠤᠬᠤᠯᠢ ᠶ᠋ᠢᠨ ᠵᠦᠭ ᠥᠭᠦᠯᠡᠷᠦᠨ᠄《 ᠡᠳᠦᠭᠡ ᠰᠠᠷᠯᠠᠭ ᠤ᠋ᠨ ᠬᠠᠭᠠᠨ ᠢ᠋ ᠠᠨᠤ ᠠᠯᠠᠵᠤ ᠴᠡᠷᠢᠭ ᠢ᠋ ᠢᠨᠤ ᠳᠠᠷᠤᠭᠰᠠᠨ ᠪᠣᠯᠪᠠᠴᠤ ᠬᠣᠲᠠ ᠶ᠋ᠢ ᠣᠯᠤᠭᠰᠠᠨ ᠪᠠ ᠦᠭᠡᠢ ᠶ᠋ᠢ ᠮᠡᠳᠡᠬᠦ ᠦᠭᠡᠢ ᠃ ᠨᠡᠩᠳᠡ ᠪᠠᠰᠠ ᠮᠢᠨᠦ ᠤᠬᠠᠭᠠᠨᠲᠤ ᠤᠷᠤᠭ ᠣᠷᠢᠶᠠᠩᠬᠠᠨ ᠤ᠋ ᠵᠠᠯᠮ᠎ᠠ ᠪᠠ ᠬᠣᠯᠴᠢᠷᠬᠠᠨ ᠦᠭᠡᠢ ᠬᠤᠳᠠᠭᠠᠨ᠎ᠠ ᠪᠡᠬᠢ ᠮᠢᠨᠦ ᠬᠡᠷᠬᠢᠵᠦ ᠪᠠᠢᠬᠤ ᠪᠣᠯᠪᠠ ? ᠳᠣᠲᠣᠷ᠎ᠠ ᠮᠢᠨᠦ ᠮᠠᠰᠢ ᠲᠠᠲᠠᠭᠳᠠᠨ ᠰᠠᠨᠠᠮᠤᠢ ᠃ ᠵᠢᠴᠢ ᠡᠨᠡ ᠵᠠᠯᠢᠲᠤ ᠬᠠᠭᠠᠨ ᠵᠠᠯᠢᠬᠠᠢ ᠪᠠᠨ ᠵᠠᠷᠤᠭᠰᠠᠨ ᠪᠣᠯᠪᠠᠴᠤ ᠵᠠᠪᠰᠠᠷ ᠦᠭᠡᠢ ᠵᠢᠨᠦᠩ ᠴᠢᠮ᠎ᠠ ᠳ᠋ᠤᠷ ᠵᠢᠭᠡᠯᠡᠭᠳᠡᠨ ᠬᠡᠷᠡᠭᠯᠡᠭᠳᠡᠵᠦᠬᠦᠢ ᠃ ᠲᠡᠭᠦᠨ ᠦ᠌ ᠶᠠᠰᠤᠨ ᠢ᠋ ᠠᠨᠤ ᠴᠡᠷᠢᠭ ᠦ᠋ᠨ ᠶᠣᠰᠣᠭᠠᠷ ᠬᠡᠭᠡᠬᠦᠢ ᠳ᠋ᠦ᠍ᠷ ᠮᠢᠨᠦ ᠳᠣᠲᠣᠷ᠎ᠠ ᠦᠨᠡᠬᠡᠷ ᠲᠦᠪᠳᠡᠬᠦ ᠦᠭᠡᠢ ᠂ ᠴᠡᠷᠢᠭ ᠦ᠋ᠨ ᠬᠡᠷᠡᠭ ᠲᠤᠯᠠ ᠵᠠᠩᠵᠤᠨ ᠨᠠᠷ ᠮᠢᠨᠦ ᠠᠯᠠᠵᠤᠬᠤᠢ ᠂ ᠴᠣᠬᠣᠮ ᠳ᠋ᠤᠷ ᠴᠡᠷᠢᠭ ᠢ᠋ ᠢᠨᠦ ᠳᠠᠢᠯᠠᠵᠤ ᠂ ᠤᠯᠤᠰ ᠢ᠋ ᠠᠨᠤ ᠣᠯᠪᠠᠰᠤ ᠪᠠᠷᠠᠭᠰᠠᠨ ᠪᠣᠯᠠᠢ ᠂ ᠲᠡᠷᠡ ᠨᠢᠭᠡᠨ ᠬᠥᠮᠦᠨ ᠢ᠋ ᠡᠰᠡ ᠠᠯᠠᠪᠠᠴᠤ ᠲᠡᠳᠡ ᠨᠢᠭᠡᠨᠲᠡ ᠬᠦᠴᠦᠨ ᠦᠭᠡᠢ ᠪᠣᠯᠤᠭᠰᠠᠨ ᠲᠤᠯᠠ ᠬᠡᠷᠬᠢᠨ ᠴᠢᠳᠠᠬᠤ ᠪᠣᠢ ? ᠨᠢᠭᠡᠨᠲᠡ ᠠᠯᠠᠭᠰᠠᠨ ᠳ᠋ᠤᠷ ᠳᠠᠬᠢᠨ ᠠᠮᠢᠳᠤᠷᠠᠭᠤᠯᠵᠤ ᠦᠯᠦ ᠪᠣᠯᠬᠤ ᠲᠤᠯᠠ ᠬᠡᠭᠦᠷ ᠢ᠋ ᠬᠦᠨᠳᠦᠳᠬᠡᠨ ᠣᠷᠣᠰᠢᠭᠤᠯᠰᠤᠭᠠᠢ ᠬᠡᠮᠡᠮᠦᠢ ᠂ ᠡᠭᠦᠨ ᠦ᠌ ᠣᠢᠷᠠᠯᠴᠠᠭ᠎ᠠ ᠵᠠᠩᠵᠤᠨ ᠨᠠᠷ ᠠᠮᠢᠳᠤ ᠳᠠᠭᠠᠭᠰᠠᠨ ᠠᠨᠤ ᠨᠢᠭᠡᠨ ᠴᠦ᠍ ᠦᠭᠡᠢ ᠦᠦ ? 》 ᠭᠡᠮᠡᠨ ᠪᠠᠢᠴᠠᠭᠠᠯᠭᠠᠪᠠᠰᠤ ᠂ ᠰᠠᠷᠯᠠᠭ ᠤ᠋ᠨ ᠴᠡᠷᠢᠭ ᠦ᠋ᠳ ᠮᠡᠳᠡᠭᠦᠯᠦᠷᠦᠨ :《 ᠰᠠᠭᠠᠷ ᠂ ᠵᠦᠯᠭᠡᠲᠡᠢ ᠪᠠᠭᠠᠲᠤᠷ ᠲᠤᠷ ᠠᠯᠠᠭᠳᠠᠪᠠ ᠃ ᠳᠠᠷᠪᠡ ᠂ ᠵᠠᠮᠤᠬ᠎ᠠ ᠶ᠋ᠢᠨ ᠬᠠᠷᠪᠤᠭᠤᠯᠬᠤ ᠴᠡᠷᠢᠭ ᠲᠦ᠍ᠷ ᠦᠬᠦᠪᠡ ᠃ ᠤᠬᠠᠭᠠᠨᠲᠤ ᠤᠷᠭᠤᠵᠤ ᠡᠴᠢᠭᠡᠳ ᠦᠭᠡᠢ ᠪᠣᠯᠪᠠ 》 ᠡᠭᠦᠨ ᠳ᠋ᠦ᠍ᠷ ᠲᠠᠢᠽᠦ ᠠᠷᠭ᠎ᠠ ᠦᠭᠡᠢ ᠵᠠᠯᠢᠲᠤ ᠬᠠᠭᠠᠨ ᠤ᠋ ᠪᠡᠶ᠎ᠡ ᠶ᠋ᠢ ᠤᠬᠢᠶᠠᠯᠭᠠᠨ᠂ ᠰᠢᠷᠢ ᠤᠲᠠᠰᠤ ᠪᠠᠷ ᠨᠡᠢᠯᠡᠭᠦᠯᠦᠨ ᠣᠶᠣᠭᠤᠯᠵᠤ ᠂ ᠲᠡᠭᠦᠨ ᠦ᠌ ᠪᠠᠭᠤᠳᠠᠯ ᠠ᠋ᠴᠠ ᠪᠤᠰᠤ ᠬᠠᠭᠠᠨ ᠤ᠋ ᠳᠡᠪᠡᠯ ᠢ᠋ ᠢᠨᠤ ᠡᠷᠢᠭᠦᠯᠦᠨ ᠡᠮᠦᠰᠬᠡᠨ ᠂ ᠲᠡᠭᠦᠨ ᠦ᠌ ᠳᠠᠷᠤᠭᠳᠠᠵᠤ ᠠᠯᠠᠭᠳᠠᠭᠰᠠᠨ ᠭᠠᠵᠠᠷ ᠲᠤᠷ ᠪᠤᠯᠠᠭᠤᠯᠵᠤ ᠂ ᠥᠪᠡᠷ ᠦ᠋ᠨ ᠭᠠᠷ ᠢ᠋ᠶ᠋ᠠᠷ ᠠᠷᠢᠬᠢ ᠰᠠᠴᠤᠯᠠᠨ ᠰᠦᠨᠡᠰᠦᠨ ᠢ᠋ ᠢᠨᠤ ᠲᠣᠬᠣᠷᠤᠭᠤᠯᠵᠤ ᠂ ᠵᠥᠪ ᠪᠤᠷᠤᠭᠤ ᠶ᠋ᠢ ᠢᠨᠤ ᠢᠯᠭᠠᠨ ᠰᠠᠯᠭᠠᠨ ᠪᠡᠯᠭᠡᠯᠡᠨ ᠬᠡᠯᠡᠵᠦ ᠳᠠᠢᠯᠭᠠᠪᠠ ᠃ ᠡᠭᠦᠨ ᠳ᠋ᠦ᠍ᠷ ᠰᠠᠷᠯᠠᠭ ᠤ᠋ᠨ ᠳᠠᠭᠠᠭᠰᠠᠨ ᠴᠡᠷᠢᠭ ᠪᠠ ᠭᠠᠳᠠᠨ᠎ᠠ ᠤᠯᠤᠰ ᠤ᠋ᠨ ᠪᠠᠷᠢᠭᠳᠠᠵᠤ ᠳᠠᠭᠠᠭᠰᠠᠨ ᠴᠡᠷᠢᠭ ᠦ᠋ᠳ ᠴᠥᠮ ᠨᠢᠳᠦᠨ ᠡᠴᠡ ᠨᠢᠯᠪᠤᠰᠤᠨ ᠴᠤᠪᠤᠷᠢᠭᠤᠯᠵᠤ ᠂ ᠲᠠᠢᠽᠦ ᠶ᠋ᠢᠨ ᠥᠷᠥᠰᠢᠶᠡᠯ ᠬᠡᠰᠢᠭ ᠢ᠋ ᠰᠢᠳᠦᠨ ᠪᠢᠰᠢᠷᠡᠪᠡ ᠃
ᠲᠡᠳᠦᠢ ᠰᠠᠶᠢ ᠰᠠᠷᠯᠠᠭ ᠤ᠋ᠨ ᠴᠡᠷᠢᠭ ᠢ᠋ ᠠᠩᠭᠢ ᠪᠠᠭ ᠵᠣᠬᠢᠶᠠᠬᠤᠶᠠ ᠂ ᠭᠡᠨᠡᠳᠲᠡ ᠵᠡᠯᠮ᠎ᠡ ᠬᠤᠳᠠᠭᠠᠨ᠎ᠠ ᠬᠣᠶᠠᠭᠤᠯᠠ ᠪᠠᠰᠠ ᠨᠢᠭᠡᠨ ᠲᠠᠨᠢᠬᠤ ᠦᠭᠡᠢ ᠵᠠᠩᠵᠤᠨ ᠢ᠋ ᠠᠪᠴᠢᠷᠠᠭᠠᠳ ᠲᠠᠢᠽᠦ ᠳ᠋ᠦ᠍ᠷ ᠮᠥᠷᠭᠥᠭᠦᠯᠦᠨ ᠠᠭᠤᠯᠵᠠᠭᠤᠯᠪᠠ ᠃ ᠲᠡᠳᠦᠢ ᠮᠤᠬᠤᠯᠢ ᠶᠠᠭᠠᠷᠠᠨ ᠠᠷᠢᠬᠢ ᠪᠠᠷᠢᠨ ᠲᠣᠬᠣᠷᠤᠭᠤᠯᠵᠤ ᠂ ᠲᠡᠷᠡ ᠲᠠᠨᠢᠬᠤ ᠦᠭᠡᠢ ᠬᠥᠮᠦᠨ ᠢ᠋ ᠠᠰᠠᠭᠤᠪᠠᠰᠤ ᠂ ᠵᠠᠯᠮ᠎ᠠ ᠥᠭᠦᠯᠡᠷᠦᠨ᠄《 ᠡᠨᠡ ᠪᠣᠯᠪᠠᠰᠤ ᠵᠠᠯᠢᠲᠤ ᠬᠠᠭᠠᠨ ᠤ᠋ ᠵᠥᠪᠯᠡᠯ ᠦ᠋ᠨ ᠡᠷᠬᠢᠮ ᠰᠠᠢᠳ ᠂ ᠨᠡᠷ᠎ᠡ ᠢᠨᠦ ᠬᠠᠨᠳᠠᠭᠠᠢ ᠬᠡᠮᠡᠮᠦᠢ ᠂ ᠵᠠᠯᠢᠲᠤ ᠬᠠᠭᠠᠨ ᠲᠡᠭᠦᠨ ᠦ᠌ ᠢᠳᠬᠠᠯ ᠢ᠋ ᠡᠰᠡ ᠠᠪᠴᠤ ᠶᠠᠯᠠᠳᠠᠵᠤ ᠪᠠᠭᠤᠷᠠᠭᠤᠯᠤᠭᠰᠠᠨ ᠢ᠋ᠶ᠋ᠠᠷ ᠮᠠᠨ ᠳ᠋ᠤᠷ ᠳᠠᠭᠠᠪᠠᠢ ᠃ ᠡᠭᠦᠨ ᠦ᠌ ᠰᠠᠢᠨ ᠢ᠋ᠶ᠋ᠠᠷ ᠪᠢᠳᠡ ᠠᠮᠢᠨ ᠭᠠᠷᠪᠠ 》 ᠬᠡᠮᠡᠪᠡ ᠃ ᠦᠵᠡᠰᠡ ᠵᠡᠯᠮ᠎ᠡ ᠮᠤᠬᠤᠯᠢ ᠶ᠋ᠢᠨ ᠢᠯᠡᠭᠡᠭᠰᠡᠨ ᠡᠮ ᠦ᠋ᠨ ᠪᠠᠭᠯᠠᠭ᠎ᠠ ᠷᠢᠯᠦ ᠳ᠋ᠦ᠍ᠷ ᠯᠠᠪ ᠪᠢᠴᠢᠭ ᠪᠠᠢᠬᠤ ᠶ᠋ᠢ ᠮᠡᠳᠡᠭᠡᠳ ᠪᠣᠯᠵᠣᠭ᠎ᠠ ᠶ᠋ᠢ ᠣᠯᠵᠤ ᠂ ᠡᠨᠡ ᠬᠠᠨᠳᠠᠭᠠᠢ ᠪᠠ ᠪᠠᠰᠠ ᠤᠷᠢᠳᠤ ᠶ᠋ᠢᠨ ᠲᠠᠯᠪᠢᠵᠤ ᠬᠠᠷᠢᠭᠤᠯᠤᠭᠰᠠᠨ ᠵᠠᠭᠤᠨ ᠢᠯᠡᠭᠦᠦ ᠴᠡᠷᠢᠭ ᠯᠦ᠍ᠭᠡ ᠨᠡᠢᠯᠡᠵᠦ ᠂ ᠬᠣᠶᠠᠷ ᠪᠠᠷᠰ ᠤ᠋ᠨ ᠵᠠᠩᠵᠤᠨ ᠤ᠋ ᠬᠦᠷᠬᠦ ᠶ᠋ᠢ ᠬᠦᠯᠢᠶᠡᠵᠦ ᠂ ᠭᠠᠯ ᠤ᠋ᠨ ᠲᠡᠮᠳᠡᠭ ᠢ᠋ ᠦᠵᠡᠮᠡᠭᠴᠡ ᠳᠠᠷᠤᠢ ᠭᠠᠷ ᠬᠥᠳᠡᠯᠦᠨ ᠡᠮᠦᠨ᠎ᠡ ᠬᠠᠭᠠᠯᠭ᠎ᠠ ᠶ᠋ᠢ ᠪᠤᠯᠢᠶᠠᠨ ᠠᠪᠴᠤ ᠬᠠᠭᠠᠯᠭ᠎ᠠ ᠶ᠋ᠢ ᠨᠡᠭᠡᠭᠡᠵᠦ ᠥᠭᠭᠦᠮᠡᠭᠴᠡ ᠬᠣᠶᠠᠷ ᠪᠠᠭᠠᠲᠤᠷ ᠤ᠋ᠨ ᠴᠡᠷᠢᠭ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠪᠡᠷ ᠰᠠᠷᠯᠠᠭ ᠤ᠋ᠨ ᠴᠡᠷᠢᠭ ᠦ᠋ᠨ ᠰᠣᠷᠤᠨᠴᠤᠭ ᠬᠣᠲᠠ ᠶ᠋ᠢ ᠣᠯᠵᠤ ᠂ ᠣᠯᠠᠨ ᠬᠡᠷᠡᠭ ᠲᠡᠢ ᠠᠷᠠᠳ ᠢ᠋ ᠴᠥᠮ ᠪᠠᠢᠴᠠᠭᠠᠨ ᠪᠠᠷᠢᠭᠤᠯᠤᠭᠰᠠᠨ ᠠᠵᠤᠭᠤ᠃
ᠲᠡᠳᠦᠢ ᠲᠠᠢᠽᠦ ᠡᠳᠡᠭᠡᠷ ᠤᠴᠢᠷ ᠢ᠋ ᠪᠦᠷᠢᠨ᠎ᠡ ᠰᠣᠨᠣᠰᠴᠤ ᠶᠡᠬᠡᠯ᠎ᠡ ᠪᠡᠶᠡᠰᠦᠨ ᠰᠠᠢᠰᠢᠶᠠᠭᠠᠳ ᠥᠪᠡᠷ ᠦ᠋ᠨ ᠭᠠᠷ ᠢ᠋ᠶ᠋ᠠᠷ ᠠᠷᠢᠬᠢ ᠬᠠᠢᠷᠠᠯᠠᠨ ᠰᠢᠷᠬ᠎ᠠ ᠶ᠋ᠢ ᠠᠨᠤ ᠦᠵᠡᠵᠦ ᠡᠨᠡᠷᠢᠨ ᠥᠭᠦᠯᠡᠷᠦᠨ᠄
ᠡᠴᠢᠭᠡ ᠡᠬᠡ ᠡᠴᠡ ᠪᠡᠨ ᠲᠥᠷᠥᠭᠰᠡᠨ
ᠡᠷᠬᠡᠲᠡᠨ ᠴᠣᠭᠴᠠ ᠪᠡᠶ᠎ᠡ ᠪᠡᠨ
ᠡᠵᠡᠨ ᠦ᠌ ᠪᠡᠨ ᠲᠥᠯᠥᠭᠡ ᠡᠨᠡ ᠮᠡᠲᠦ
ᠡᠪᠡᠷᠰᠢᠭᠦᠯᠦᠨ ᠴᠠᠪᠴᠢᠬᠤ ᠠᠨᠤ ᠂
ᠡᠷᠲᠡᠨ ᠡᠴᠡ ᠡᠳᠦᠭᠡ ᠬᠦᠷᠲᠡᠯ᠎ᠡ
ᠡᠭᠡᠨᠡᠭᠲᠡ ᠬᠡᠳᠦ ᠭᠠᠷᠪᠠ ᠬᠡᠮᠡᠮᠦᠢ ᠃
ᠡᠷᠳᠡᠮᠲᠦ ᠵᠠᠯᠮ᠎ᠠ ᠶ᠋ᠢᠨ ᠦᠷ᠎ᠡ ᠠᠴᠢ
ᠡᠭᠦᠷᠢ ᠮᠢᠨᠦ ᠦᠷᠡᠰ ᠲᠣᠷ ᠲᠡᠩᠴᠡᠲᠦᠭᠡᠢ !①
ᠭᠡᠮᠡᠨ ᠢᠷᠥᠭᠡᠨ ᠬᠡᠯᠡᠪᠡᠢ ᠃ ᠲᠡᠳᠦᠢ ᠥᠪᠡᠷ ᠦ᠋ᠨ ᠤᠤᠭᠤᠬᠤ ᠴᠠᠭᠠᠨ ᠭᠡᠭᠦᠦ ᠶ᠋ᠢᠨ ᠠᠷᠠᠵᠠ ᠪᠠᠨ ᠰᠢᠵᠢᠷ ᠠᠯᠲᠠᠨ ᠴᠥᠭᠥᠴᠡ ᠳ᠋ᠦ᠍ᠷ ᠢ᠋ᠶ᠋ᠡᠨ ᠬᠢᠵᠦ ᠂ ᠥᠪᠡᠷ ᠦ᠋ᠨ ᠮᠣᠳᠣᠷ ᠢ᠋ᠶ᠋ᠠᠷ ᠭᠤᠷᠪᠠᠨ ᠴᠥᠭᠥᠴᠡ ᠤᠤᠭᠤᠯᠭᠠᠵᠤ ᠂ ᠪᠡᠶ᠎ᠡ ᠳ᠋ᠦ᠍ᠷ ᠡᠮᠦᠰᠦᠭᠰᠡᠨ ᠠᠯᠲᠠᠨ ᠰᠤᠪᠤᠳᠲᠤ ᠬᠤᠶᠠᠭ ᠳᠤᠭᠤᠯᠠᠭ᠎ᠠ ᠪᠠᠨ ᠲᠠᠢᠯᠤᠨ ᠡᠮᠦᠰᠬᠡᠵᠦ ᠂ ᠠᠯᠮᠠᠰ ᠰᠢᠷᠡᠮᠦ ᠨᠡᠷᠡᠲᠦ ᠡᠷᠳᠡᠨᠢ ᠶ᠋ᠢᠨ ᠢᠯᠳᠦᠨ ᠢ᠋ᠶ᠋ᠡᠨ ᠱᠠᠩᠨᠠᠨ ᠵᠡᠭᠦᠯᠭᠡᠭᠡᠳ ᠡᠭᠱᠡ ᠱᠣᠩᠬᠣᠷ ᠨᠡᠷᠡᠲᠦ ᠮᠣᠷᠢ ᠪᠠᠨ ᠠᠯᠲᠠᠨ ᠡᠮᠡᠭᠡᠯ ᠬᠠᠵᠠᠭᠠᠷ ᠲᠠᠢ ᠱᠠᠩᠨᠠᠨ ᠤᠨᠤᠭᠤᠯᠪᠠ ᠃ ᠬᠤᠲᠠᠭᠠᠨᠠ ᠶ᠋ᠢ ᠪᠠᠰᠠ ᠮᠥᠨ ᠶᠣᠰᠣ ᠪᠠᠷ ᠳᠡᠳ᠋ ᠭᠠᠪᠢᠶ᠎ᠠ ᠪᠠᠷ ᠱᠠᠩᠨᠠᠨ ᠬᠥᠬᠢᠭᠦᠯᠪᠡ ᠃
– – – –
① ᠡᠨᠡ ᠪᠡᠯᠩ ᠢᠷᠦᠭᠡᠯ ᠰᠢᠩᠭᠡᠵᠦ ᠂ ᠳᠥᠷᠪᠡᠨ ᠬᠣᠰᠢᠭᠤ ᠲᠠᠪᠤᠨᠠᠩ ᠤ᠋ᠳ ᠡᠳᠦᠭᠡ ᠪᠣᠯᠲᠠᠯ᠎ᠠ ᠰᠠᠢᠳ ᠤ᠋ᠨ ᠦᠷᠡᠰ ᠡᠴᠡ ᠢᠯᠡᠭᠦᠦ ᠶᠠᠪᠤᠮᠤᠢ ᠬᠡᠮᠡᠮᠦᠢ ᠃
ᠲᠡᠭᠦᠨᠴᠡ ᠰᠢᠷᠬᠠᠲᠤᠭᠰᠠᠨ ᠴᠡᠷᠢᠭ ᠪᠦᠬᠦᠨ ᠢ᠋ ᠬᠦᠨᠳᠦᠳᠡ ᠱᠠᠩᠨᠠᠵᠤ ᠂ ᠭᠡᠷ ᠲᠦ᠍ ᠢᠨᠦ ᠮᠠᠯ ᠠᠳᠤᠭᠤᠨ ᠤ᠋ ᠬᠥᠷᠥᠩᠭᠡ ᠬᠦᠷᠲᠡᠭᠡᠨ ᠡᠷᠬᠢᠯᠡᠵᠦ ᠲᠠᠷᠠᠬᠠᠯᠠᠭᠠᠳ ᠭᠤᠷᠪᠠᠨ ᠦᠶ᠎ᠡ ᠳ᠋ᠦ᠍ᠷ ᠬᠦᠷᠲᠡᠯ᠎ᠡ ᠴᠡᠷᠢᠭ ᠲᠡᠢᠨ ᠦ᠌ ᠡᠪᠡᠷᠰᠢᠶᠡᠯᠳᠦ ᠠᠯᠪᠠᠨ᠎ᠠ ᠪᠢᠲᠡᠭᠡᠢ ᠵᠠᠷᠤ ᠭᠡᠮᠡᠨ ᠲᠣᠭᠲᠠᠭᠠᠪᠠᠢ ᠃ ᠡᠷᠬᠢᠯᠡᠨ ᠳᠠᠷᠬᠠᠯᠠᠬᠤ ᠶᠣᠰᠣ ᠶ᠋ᠢ ᠡᠨᠡ ᠦᠶ᠎ᠡ ᠡᠴᠡ ᠡᠭᠦᠳᠪᠡᠢ ᠃ ᠡᠴᠢᠭᠡ ᠡᠬᠡ ᠡᠴᠡ ᠲᠥᠷᠥᠭᠰᠡᠨ ᠮᠢᠬ᠎ᠠ ᠪᠠᠨ ᠡᠪᠳᠡᠵᠦ ᠡᠪᠡᠷᠰᠢᠨ ᠡᠪᠡᠳᠴᠦ ᠡᠩᠬᠡ ᠲᠥᠷᠥ ᠶ᠋ᠢᠨ ᠲᠥᠯᠥᠭᠡ ᠵᠢᠳᠬᠦᠵᠦ ᠰᠠᠶᠢ ᠡᠷᠭᠢᠨ ᠳᠠᠷᠬᠠᠨ ᠪᠣᠯᠪᠠ ᠬᠡᠮᠡᠮᠦᠢ ᠃ ᠡᠨᠡ ᠦᠶ᠎ᠡ ᠶ᠋ᠢᠨ ᠮᠡᠲᠦ ᠡᠳ᠋ ᠢ᠋ᠶ᠋ᠡᠷ ᠪᠡᠶ᠎ᠡ ᠪᠡᠨ ᠬᠤᠳᠠᠯᠳᠤᠨ ᠠᠪᠤᠭᠠᠳ ᠳᠠᠷᠬᠠᠨ ᠪᠣᠯᠣᠮᠠᠭᠴᠠ ᠡᠵᠡᠨ ᠢ᠋ᠶ᠋ᠡᠨ ᠳᠠᠷᠤᠯᠠᠬᠤ ᠳ᠋ᠤᠷ ᠠᠳᠠᠯᠢ ᠪᠢᠰᠢ ᠪᠣᠯᠠᠢ ᠃
ᠲᠡᠨᠳᠡᠴᠡ ᠤᠰᠤ ᠰᠡᠲᠡᠯᠦᠭᠰᠡᠨ ᠴᠢᠯᠠᠭᠤ ᠂ ᠲᠡᠮᠦᠷ ᠠᠬ᠎ᠠ ᠳᠡᠭᠦᠦ ᠶ᠋ᠢᠨ ᠭᠠᠪᠢᠶ᠎ᠠ ᠶ᠋ᠢ ᠮᠥᠨ ᠬᠦᠨᠳᠦᠳᠡ ᠱᠠᠩᠨᠠᠨ ᠬᠥᠬᠢᠭᠦᠯᠪᠡ ᠃ ᠶᠡᠬᠡ ᠴᠡᠷᠢᠭ ᠢ᠋ ᠠᠪᠴᠤ ᠰᠠᠷᠯᠠᠭ ᠤ᠋ᠨ ᠰᠣᠷᠤᠨᠴᠤᠭ ᠬᠣᠲᠠᠨ ᠳ᠋ᠤᠷ ᠬᠦᠷᠴᠦ ᠢᠷᠡᠪᠡᠰᠦ ᠲᠣᠭᠲᠣᠩᠭᠣ᠌ ᠂ ᠰᠥᠪᠡᠭᠡᠲᠡᠢ ᠬᠣᠶᠠᠷ ᠪᠠᠭᠠᠲᠤᠷ ᠬᠣᠲᠠ ᠶ᠋ᠢᠨ ᠬᠠᠭᠠᠯᠭᠠᠨ ᠤ᠋ ᠬᠣᠶᠠᠷ ᠬᠠᠵᠠᠭᠤᠳᠠ ᠰᠥᠭᠥᠳᠦᠨ ᠪᠠᠶᠠᠷ ᠤ᠋ᠨ ᠠᠷᠢᠬᠢ ᠪᠠᠷᠢᠵᠤ ᠮᠥᠷᠭᠥᠨ ᠤᠭᠲᠤᠪᠠ ᠃ ᠮᠤᠬᠤᠯᠢ ᠬᠠᠷᠢᠭᠤ ᠠᠷᠢᠬᠢ ᠪᠠᠷᠢᠵᠤ ᠂ ᠬᠣᠲᠠ ᠳ᠋ᠤᠷ ᠣᠷᠣᠭᠠᠳ ᠲᠠᠢᠽᠦ ᠲᠥᠪ ᠦ᠋ᠨ ᠤᠷᠲᠤ ᠬᠠᠷᠰᠢ ᠳ᠋ᠤᠷ ᠠᠨᠤ ᠰᠠᠭᠤᠵᠤ ᠂ ᠣᠯᠠᠨ ᠲᠦᠰᠢᠮᠡᠳ ᠵᠠᠩᠵᠤᠨ ᠪᠠᠶᠠᠷ ᠤ᠋ᠨ ᠶᠣᠰᠣᠭᠠᠷ ᠮᠥᠷᠭᠥᠵᠦ ᠪᠠᠷᠠᠭᠰᠠᠨ ᠬᠣᠢᠨ᠎ᠠ ᠂ ᠬᠣᠶᠠᠷ ᠪᠠᠭᠠᠲᠤᠷ ᠴᠡᠷᠢᠭ ᠢᠷᠭᠡᠨ ᠪᠠ ᠭᠠᠵᠠᠷ ᠣᠷᠣᠨ ᠂ ᠬᠣᠲᠠ ᠪᠠᠯᠭᠠᠰᠤᠨ ᠂ ᠰᠠᠩ ᠬᠥᠮᠥᠷᠭᠡ ᠶ᠋ᠢᠨ ᠨᠡᠢᠲᠡ ᠶ᠋ᠢᠨ ᠳᠠᠩᠰᠠ ᠪᠢᠴᠢᠭ ᠢ᠋ ᠢᠨᠤ ᠡᠷᠭᠦᠨ ᠪᠠᠷᠢᠭᠰᠠᠨ ᠳ᠋ᠤᠷ ᠠᠯᠲᠠᠨ ᠮᠥᠩᠭᠥᠨ ᠲᠠᠷᠮ᠎ᠠ ᠴᠠᠯᠮ᠎ᠠ ᠶ᠋ᠢ ᠭᠠᠷᠭᠠᠵᠤ ᠂ ᠥᠪᠡᠷ ᠢ᠋ᠶ᠋ᠡᠨ ᠪᠡᠶ᠎ᠡ ᠳ᠋ᠦ᠍ᠷ ᠰᠢᠷᠬ᠎ᠠ ᠭᠠᠷᠭᠠᠭᠰᠠᠨ ᠪᠠ ᠲᠡᠷᠢᠭᠦᠯᠡᠵᠦ ᠤᠷᠠᠨ ᠵᠠᠯᠢᠲᠤ ᠬᠠᠭᠠᠨ ᠢ᠋ ᠠᠯᠠᠭᠰᠠᠨ ᠬᠢᠭᠡᠳ ᠡᠯ᠎ᠡ ᠴᠢᠬᠤᠯᠠ ᠬᠦᠴᠦᠨ ᠢ᠋ᠶ᠋ᠡᠨ ᠥᠭᠭᠦᠭᠰᠡᠨ ᠵᠠᠩᠵᠤᠨ ᠪᠠᠭᠠᠲᠤᠷ ᠤ᠋ᠳ ᠠ᠋ᠴᠠ ᠡᠬᠢᠯᠡᠨ ᠰᠤᠯᠠ ᠴᠡᠷᠢᠭ ᠲᠦ᠍ᠷ ᠬᠦᠷᠲᠡᠯ᠎ᠡ ᠭᠤᠷᠪᠠᠨ ᠵᠡᠷᠭᠡ ᠪᠡᠷ ᠢᠯᠭᠠᠨ ᠰᠠᠯᠭᠠᠵᠤ ᠱᠠᠩᠨᠠᠭᠠᠳ ᠰᠠᠩ ᠤ᠋ᠨ ᠠᠮᠤ ᠶ᠋ᠢ ᠭᠠᠷᠭᠠᠵᠤ ᠂ ᠰᠠᠷᠯᠠᠭ ᠤ᠋ᠨ ᠴᠡᠷᠢᠭ ᠢᠷᠭᠡᠨ ᠳ᠋ᠦ᠍ᠷ ᠲᠦᠭᠡᠭᠡᠨ ᠥᠭᠭᠦᠭᠦᠯᠵᠦ ᠂ ᠳᠡᠭᠡᠷ᠎ᠡ ᠳᠣᠣᠷ᠎ᠠ ᠪᠠᠶᠠᠷ ᠤ᠋ᠨ ᠶᠣᠰᠣᠭᠠᠷ ᠶᠡᠬᠡᠯ᠎ᠡ ᠬᠤᠷᠢᠮᠯᠠᠬᠤᠶ᠎ᠠ ᠂ ᠲᠣᠭᠲᠣᠩᠭᠣ᠌ ᠪᠠᠭᠠᠲᠤᠷ ᠨᠢᠭᠡᠨ ᠢᠨᠢᠶᠡᠳᠦᠮ ᠭᠠᠷᠭᠠᠵᠤ ᠮᠡᠳᠡᠭᠦᠯᠪᠡ ᠃ ᠶᠠᠮᠪᠠᠷ ᠢᠨᠢᠶᠡᠳᠦᠮ ? ᠬᠡᠮᠡᠪᠡᠰᠦ : ᠲᠣᠭᠲᠣᠩᠭᠣ᠌ ᠪᠠᠭᠠᠲᠤᠷ ᠨᠠᠷ ᠵᠠᠯᠢᠲᠤ ᠬᠠᠭᠠᠨ ᠤ᠋ ᠳᠣᠲᠣᠭᠠᠳᠤ ᠣᠷᠳᠣᠨ ᠳ᠋ᠤᠷ ᠡᠮ᠎ᠡ ᠦᠷ᠎ᠡ ᠶ᠋ᠢ ᠢᠨᠦ ᠪᠠᠢᠴᠠᠭᠠᠨ ᠪᠠᠷᠢᠷ᠎ᠠ ᠣᠷᠣᠪᠠᠰᠤ ᠂ ᠣᠷᠳᠣᠨ ᠤ᠋ ᠡᠭᠦᠳᠡ ᠶ᠋ᠢ ᠬᠠᠭᠠᠵᠤ ᠂ ᠵᠠᠪᠰᠠᠷ ᠢ᠋ᠶ᠋ᠠᠷ ᠨᠢᠭᠡᠨ ᠫᠤᠤ ᠶ᠋ᠢᠨ ᠣᠨᠢᠰᠣᠨ ᠢ᠋ ᠭᠠᠷᠭᠠᠵᠤ ᠂ ᠬᠠᠰ ᠮᠡᠲᠦ ᠰᠠᠢᠬᠠᠨ ᠲᠥᠷᠥᠭᠰᠡᠨ ᠠᠷᠪᠠᠨ ᠬᠡᠳᠦᠬᠡᠨ ᠨᠠᠰᠤ ᠲᠠᠢ ᠪᠢᠴᠢᠬᠠᠨ ᠵᠠᠩᠵᠤᠨ ᠨᠢᠭᠡᠨ ᠭᠠᠷ ᠲᠠᠭᠠᠨ ᠭᠠᠯ ᠪᠠᠮᠪᠠᠷ ᠪᠠᠷᠢᠵᠤ ᠂ ᠨᠢᠭᠡᠨ ᠭᠠᠷ ᠲᠠᠭᠠᠨ ᠡᠷᠳᠡᠨᠢ ᠶ᠋ᠢᠨ ᠢᠯᠳᠦ ᠪᠠᠷᠢᠵᠤ ᠂ ᠡᠭᠦᠳᠡ ᠶ᠋ᠢ ᠬᠠᠯᠬᠠᠯᠠᠨ ᠵᠣᠭᠰᠣᠭᠠᠳ ᠬᠥᠮᠥᠰᠬᠡ ᠦᠷᠴᠢᠢᠵᠦ ᠂ ᠲᠣᠭᠲᠣᠩᠭᠣ᠌ ᠨᠠᠷ ᠤ᠋ᠨ ᠵᠦᠭ ᠵᠠᠩᠳᠠᠨ ᠥᠭᠦᠯᠡᠷᠦᠨ᠄ 《 ᠲᠠ ᠳᠡᠮᠡᠢᠯᠡ ᠶᠠᠭᠠᠷᠠᠵᠤ ᠨᠠᠮᠠᠶ᠋ᠢ ᠪᠢᠲᠡᠭᠡᠢ ᠴᠢᠬᠤᠯᠳᠠᠭᠤᠯᠵᠤ ᠂ ᠡᠨᠡ ᠣᠨᠢᠰᠣᠨ ᠢ᠋ ᠰᠢᠲᠠᠭᠠᠯᠭᠠᠨ ᠳᠣᠲᠣᠭᠠᠳᠤ ᠣᠷᠳᠣᠨ ᠤ᠋ ᠡᠯ᠎ᠡ ᠬᠡᠷᠡᠭᠲᠦ ᠶᠠᠭᠤᠮ᠎ᠠ ᠶ᠋ᠢ ᠴᠥᠮ ᠭᠠᠯ ᠳ᠋ᠤᠷ ᠠᠪᠲᠠᠬᠤᠢ ᠳ᠋ᠤᠷ ᠬᠦᠷᠪᠡᠯ ᠲᠠ ᠮᠠᠨ ᠤ᠋ ᠬᠣᠲᠠ ᠶ᠋ᠢ ᠠᠪᠤᠭᠰᠠᠨ ᠠᠨᠤ ᠡᠯ᠎ᠡ ᠬᠡᠷᠡᠭᠲᠦ ᠪᠦᠬᠦᠨ ᠢ᠋ ᠡᠷᠢᠭᠰᠡᠨ ᠪᠥᠭᠡᠲᠡᠯ᠎ᠡ ᠡᠳᠦᠭᠡ ᠴᠥᠮ ᠭᠠᠯᠳᠠᠭᠳᠠᠬᠤᠢ ᠳ᠋ᠤᠷ ᠭᠥᠷᠦᠭᠦᠯᠪᠡᠰᠦ ᠶᠠᠭᠤᠨ ᠤ᠋ ᠲᠤᠰᠠ ? ᠲᠠ ᠬᠡᠷᠪᠡ ᠡᠭᠦᠳᠡ ᠶ᠋ᠢ ᠡᠪᠳᠡᠬᠦ ᠪᠤᠶᠤ ᠡᠰᠡᠬᠦᠯ᠎ᠡ ᠨᠠᠮᠠᠶ᠋ᠢ ᠴᠢᠬᠤᠯᠳᠠᠭᠤᠯᠪᠠᠰᠤ ᠂ ᠪᠢ ᠡᠨᠡ ᠣᠨᠢᠰᠣᠨ ᠢ᠋ ᠰᠢᠲᠠᠭᠠᠭᠠᠳ ᠡᠨᠡ ᠢᠯᠳᠦ ᠪᠡᠷ ᠬᠦᠵᠦᠭᠦᠦ ᠪᠡᠨ ᠣᠭᠲᠣᠯᠵᠤ ᠦᠬᠦᠮᠦᠢ ᠃ ᠮᠢᠨᠦ ᠦᠬᠦᠬᠦ ᠬᠠᠷᠢᠨ ᠣᠭᠲᠣ ᠬᠡᠷᠡᠭ ᠦᠭᠡᠢ ᠂ ᠭᠠᠭᠴᠠ ᠡᠨᠡ ᠫᠤᠤ ᠳᠠᠭᠤᠷᠢᠰᠤᠮᠠᠭᠴᠠ ᠳᠣᠲᠣᠭᠠᠳᠤ ᠣᠷᠳᠣᠨ ᠳ᠋ᠤᠷ ᠪᠡᠯᠡᠳᠬᠡᠭᠰᠡᠨ ᠭᠠᠯ ᠬᠠᠮᠲᠤ ᠪᠠᠷ ᠨᠣᠴᠣᠵᠤ ᠂ ᠬᠠᠭᠠᠨ ᠤ᠋ ᠬᠠᠲᠤᠳ ᠭᠦᠩᠵᠦ ᠨᠠᠷ ᠬᠠᠮᠲᠤ ᠪᠠᠷ ᠭᠠᠯ ᠳ᠋ᠤᠷ ᠦᠬᠦᠵᠦ ᠂ ᠬᠠᠰ ᠴᠢᠯᠠᠭᠤ ᠴᠤᠭᠠᠷ ᠬᠡᠮᠬᠡᠷᠡᠬᠦ ᠢᠨᠤ ᠬᠠᠢᠷᠠᠬᠠᠨ ᠪᠢᠰᠢ ᠦᠦ ? ᠲᠠ ᠬᠡᠷᠪᠡᠷ ᠪᠦᠷᠢᠨ ᠢ᠋ᠶ᠋ᠡᠷ ᠣᠯᠵᠤ ᠠᠪᠰᠤᠭᠠᠢ ᠬᠡᠮᠡᠪᠡᠰᠦ ᠮᠢᠨᠦ ᠨᠢᠭᠡᠨ ᠵᠦᠢᠯ ᠢ᠋ ᠳᠠᠭ᠎ᠠ ᠂ ᠡᠷᠬᠡᠪᠰᠢ ᠨᠠᠮᠠᠶ᠋ᠢ ᠬᠠᠭᠠᠨ ᠳ᠋ᠤᠷ ᠢ᠋ᠶ᠋ᠠᠨ ᠤᠴᠠᠷᠠᠭᠤᠯᠵᠤ ᠂ ᠨᠢᠭᠡᠨ ᠬᠡᠳᠦᠨ ᠦᠭᠡ ᠬᠡᠯᠡᠭᠦᠯ ᠂ ᠡᠢᠮᠦ ᠪᠣᠯᠪᠠᠰᠤ ᠬᠣᠶᠠᠷ ᠲᠤᠷ ᠴᠥᠮ ᠪᠦᠷᠢᠨ ᠪᠣᠯᠤᠮᠤᠢ !》 ᠬᠡᠮᠡᠭᠰᠡᠨ ᠳ᠋ᠦ᠍ᠷ ᠲᠣᠭᠲᠣᠩᠭᠣ᠌ ᠪᠠᠭᠠᠲᠤᠷ ᠡᠨᠡ ᠬᠥᠪᠡᠭᠦᠨ ᠢ᠋ ᠰᠣᠴᠢᠨ ᠭᠠᠢᠬᠠᠵᠤ ᠂ ᠲᠦᠷ ᠲᠠᠢᠽᠦ ᠶ᠋ᠢᠨ ᠢᠷᠡᠬᠦ ᠶ᠋ᠢ ᠬᠦᠯᠢᠶᠡᠭᠰᠡᠨ ᠢ᠋ᠶ᠋ᠡᠨ ᠬᠡᠯᠡᠭᠰᠡᠨ ᠳ᠋ᠦ᠍ᠷ ᠲᠠᠢᠽᠦ ᠡᠴᠡ ᠲᠡᠷᠢᠭᠦᠯᠡᠨ ᠪᠦᠭᠦᠳᠡᠭᠡᠷ ᠰᠣᠴᠢᠨ ᠭᠠᠢᠬᠠᠵᠤ ᠂ ᠳᠠᠷᠤᠢ ᠮᠤᠬᠤᠯᠢ ᠣᠷᠣᠵᠤ ᠣᠷᠳᠣᠨ ᠤ᠋ ᠡᠭᠦᠳᠡᠨ ᠢ᠋ ᠯᠠᠴᠠ ᠪᠠᠷ ᠯᠠᠴᠠᠳᠠᠨ ᠲᠡᠭᠰᠢᠯᠡᠭᠡᠳ ᠤᠯᠠᠭᠠᠨ ᠲᠤᠭ ᠬᠠᠳᠬᠤᠵᠤ ᠬᠣᠷᠢᠨ ᠴᠡᠷᠢᠭ ᠢ᠋ᠶ᠋ᠡᠷ ᠬᠠᠷᠠᠭᠠᠯᠵᠠᠭᠤᠯᠤᠨ ᠴᠢᠩᠳᠠ ᠴᠠᠭᠠᠵᠠᠯᠠᠭᠠᠳ ᠲᠡᠷᠡ ᠬᠥᠪᠡᠭᠦᠨ ᠦ᠌ ᠵᠦᠭ ᠥᠭᠦᠯᠡᠷᠦᠨ᠄《 ᠪᠢᠳᠡ ᠠᠯᠢ ᠤᠯᠤᠰ ᠢ᠋ ᠲᠠᠢᠯᠠᠪᠠᠴᠤ ᠲᠡᠭᠦᠨ ᠦ᠌ ᠡᠮ᠎ᠡ ᠦᠷ᠎ᠡ ᠶ᠋ᠢ ᠦᠯᠦ ᠬᠠᠯᠳᠠᠮᠤᠢ ᠂ ᠭᠠᠢᠭᠤᠢ ᠪᠢ ᠴᠢᠨᠦ ᠵᠡᠷᠭᠡ ᠶ᠋ᠢᠨ ᠪᠢᠴᠢᠬᠠᠨ ᠬᠡᠦᠬᠡᠳ ᠲᠣᠷ ᠪᠠᠲᠤ ᠦᠭᠡᠢ ᠪᠣᠯᠪᠠᠰᠤ ᠬᠡᠷᠬᠢᠨ ᠪᠧᠲ᠋ᠠ᠋ ᠤᠯᠤᠰ ᠤ᠋ᠨ ᠵᠠᠭᠤᠨ ᠲᠦᠮᠡᠨ ᠢ᠋ ᠪᠠᠭᠴᠠᠯᠠᠮᠤᠢ ?》 ᠭᠡᠮᠡᠨ ᠲᠡᠭᠦᠨ ᠦ᠌ ᠢᠯᠳᠦᠨ ᠢ᠋ ᠲᠠᠯᠪᠢᠭᠤᠯᠵᠤ ᠂ ᠲᠠᠢᠽᠦ ᠶ᠋ᠢᠨ ᠡᠮᠦᠨ᠎ᠡ ᠤᠳᠤᠷᠢᠳᠤᠨ ᠠᠪᠴᠢᠷᠠᠵᠤ ᠵᠣᠯᠭᠠᠭᠤᠯᠤᠭᠰᠠᠨ ᠳ᠋ᠤᠷ ᠲᠡᠷᠡ ᠬᠥᠪᠡᠭᠦᠨ ᠥᠴᠦᠬᠡᠨ ᠴᠦ᠍ ᠶᠣᠰᠣᠯᠠᠬᠤ ᠦᠭᠡᠢ ᠂ ᠲᠠᠢᠽᠦ ᠶ᠋ᠢ ᠨᠢᠭᠡᠨ ᠵᠡᠷᠭᠡ ᠰᠢᠨᠵᠢᠵᠦ ᠥᠭᠦᠯᠡᠷᠦᠨ᠄《 ᠪᠢ ᠪᠡᠷ ᠴᠢᠮᠠᠶ᠋ᠢ ᠦᠵᠡᠪᠡᠰᠦ ᠬᠥᠮᠦᠨ ᠦ᠌ ᠡᠵᠡᠨ ᠦ᠌ ᠪᠠᠢᠳᠠᠯ ᠪᠣᠢ ᠂ ᠭᠠᠭᠴᠠ ᠬᠥᠮᠦᠨ ᠦ᠌ ᠡᠵᠡᠨ ᠪᠣᠯᠤᠭᠴᠢᠳ ᠡᠷᠬᠡᠪᠰᠢ ᠬᠥᠮᠦᠨ ᠦ᠌ ᠰᠡᠳᠬᠢᠯ ᠢ᠋ ᠪᠡᠶ᠎ᠡ ᠳ᠋ᠦ᠍ᠷ ᠡᠷᠭᠢᠴᠡᠭᠦᠯᠬᠦ ᠬᠡᠷᠡᠭᠲᠡᠢ ᠃ ᠬᠡᠷᠪᠡ ᠮᠠᠨ ᠤ᠋ ᠡᠵᠡᠨ ᠴᠢᠮᠠᠶ᠋ᠢ ᠡᠨᠡ ᠮᠡᠲᠦ ᠠᠯᠠᠭᠠᠳ ᠡᠮ᠎ᠡ ᠦᠷ᠎ᠡ ᠶ᠋ᠢ ᠴᠢᠨᠦ ᠪᠠᠰᠠ ᠡᠯᠡᠭᠡᠨ ᠵᠣᠪᠠᠭᠠᠪᠠᠰᠤ ᠂ ᠴᠢᠨᠦ ᠳᠣᠲᠣᠷ᠎ᠠ ᠶᠠᠮᠪᠠᠷ ᠬᠢᠷᠢ ᠪᠣᠯᠬᠤ ᠶ᠋ᠢ ᠡᠷᠭᠢᠴᠡᠭᠦᠯᠦᠨ ᠪᠣᠳᠣᠵᠤ ᠦᠵᠡ !》 ᠬᠡᠮᠡᠭᠰᠡᠨ ᠳ᠋ᠦ᠍ᠷ ᠲᠠᠢᠽᠦ ᠮᠠᠰᠢ ᠶᠡᠬᠡᠳᠡ ᠰᠣᠨᠢᠷᠬᠠᠨ ᠰᠠᠢᠰᠢᠶᠠᠵᠤ ᠂ ᠲᠡᠭᠦᠨ ᠦ᠌ ᠨᠡᠷ᠎ᠡ ᠶ᠋ᠢ ᠠᠰᠠᠭᠤᠪᠠᠰᠤ ᠥᠴᠢᠷᠦᠨ :《 ᠪᠢᠴᠢᠬᠠᠨ ᠲᠦᠰᠢᠮᠡᠯ ᠪᠠᠶᠠᠨ ᠬᠡᠮᠡᠭᠴᠢ ᠪᠢ ᠮᠥᠨ ᠂ ᠡᠨᠡ ᠵᠢᠯ ᠠᠷᠪᠠᠨ ᠭᠤᠷᠪᠠᠨ ᠨᠠᠰᠤ ᠲᠠᠢ !》 ᠬᠡᠮᠡᠭᠰᠡᠨ᠎ᠡ ᠂ ᠲᠠᠢᠽᠦ ᠥᠭᠦᠯᠡᠷᠦᠨ᠄ 《 ᠮᠢᠨᠦ ᠴᠡᠷᠢᠭ ᠤᠭ ᠠ᠋ᠴᠠ ᠬᠥᠮᠦᠨ ᠦ᠌ ᠡᠬᠡᠨᠡᠷ ᠥᠬᠢᠳ ᠢ᠋ ᠬᠥᠨᠳᠡᠳᠡᠭ ᠦᠭᠡᠢ ᠪᠥᠯᠥᠭᠡ ᠂ ᠴᠢᠨᠦ ᠡᠵᠡᠨ ᠦ᠌ ᠡᠬᠡᠨᠡᠷ ᠥᠬᠢᠳ ᠢ᠋ ᠴᠢᠨᠦ ᠲᠠᠪᠠ ᠪᠠᠷ ᠪᠣᠯᠭᠠᠰᠤᠭᠠᠢ ᠂ ᠭᠠᠭᠴᠠ ᠲᠠᠨ ᠤ᠋ ᠰᠠᠷᠯᠠᠭ ᠤᠯᠤᠰ ᠲᠤᠷ ᠥᠪᠡᠷ᠎ᠡ ᠲᠦᠰᠢᠮᠡᠯ ᠦᠭᠡᠢ ᠦᠦ ? ᠶᠠᠭᠤᠨ ᠳ᠋ᠤᠷ ᠭᠠᠭᠴᠠ ᠴᠢᠨᠦ ᠨᠢᠭᠡᠬᠡᠨ ᠬᠥᠮᠦᠨ ᠡᠢᠮᠦ ᠪᠣᠯᠪᠠ ?》 ᠬᠡᠮᠡᠪᠡᠰᠦ ᠂ ᠲᠡᠷᠡ ᠪᠠᠶᠠᠨ ᠬᠥᠪᠡᠭᠦᠨ ᠲᠡᠭᠦᠨ ᠦ᠌ ᠡᠵᠡᠨ ᠦ᠌ ᠡᠮ᠎ᠡ ᠦᠷ᠎ᠡ ᠶ᠋ᠢ ᠥᠷᠥᠰᠢᠶᠡᠭᠰᠡᠨ ᠢ᠋ ᠦᠵᠡᠭᠡᠳ ᠰᠠᠶᠢ ᠨᠢᠯᠪᠤᠰᠤᠨ ᠤᠨᠠᠭᠠᠨ ᠰᠥᠭᠥᠳᠴᠦ ᠬᠡᠰᠢᠭ ᠲᠣᠷ ᠮᠥᠷᠭᠥᠵᠦ ᠮᠡᠳᠡᠭᠦᠯᠦᠷᠦᠨ :《ᠣᠨᠴᠠᠭᠠᠢ ᠬᠠᠢᠷ᠎ᠠ ᠦᠭᠡᠢ ᠪᠥᠭᠡᠰᠦ ᠣᠨᠴᠠᠭᠠᠢ ᠬᠠᠷᠢᠭᠤᠯᠠᠬᠤ ᠶᠣᠰᠣ ᠪᠣᠢ ᠤᠤ ?》 ᠬᠡᠮᠡᠭᠰᠡᠨ ᠳ᠋ᠦ᠍ᠷ ᠲᠠᠢᠽᠦ ᠮᠥᠨ ᠭᠡᠮᠡᠨ ᠵᠥᠪᠰᠢᠶᠡᠭᠡᠳ ᠵᠠᠯᠢᠲᠤ ᠬᠠᠭᠠᠨ ᠤ᠋ ᠡᠮ᠎ᠡ ᠦᠷ᠎ᠡ ᠶ᠋ᠢ ᠲᠡᠭᠦᠨ ᠦ᠌ ᠶᠣᠰᠣᠭᠠᠷ ᠰᠢᠳᠬᠡᠯᠭᠡᠵᠦ ᠂ ᠦᠵᠡᠪᠡᠰᠦ ᠣᠭᠲᠣ ᠭᠠᠯ ᠤ᠋ᠨ ᠵᠦᠢᠯ ᠦᠭᠡᠢ ᠲᠤᠯᠠ ᠡᠨᠡ ᠬᠥᠪᠡᠭᠦᠨ ᠦ᠌ ᠰᠡᠴᠡᠨ ᠮᠡᠷᠭᠡᠨ ᠢ᠋ ᠮᠡᠳᠡᠵᠦ ᠂ ᠰᠢᠳᠠᠷ ᠳᠡᠷᠭᠡᠳᠡ ᠪᠡᠨ ᠪᠠᠢᠯᠭᠠᠵᠤ ᠲᠣᠭᠣᠰ ᠰᠢᠪᠠᠭᠤᠨ ᠤ᠋ ᠲᠡᠮᠳᠡᠭ ᠥᠳᠥ ᠬᠠᠳᠬᠤᠵᠤ ᠣᠢᠷ᠎ᠠ ᠵᠠᠷᠤᠴᠠᠯᠠᠪᠠ ᠃ ᠲᠡᠭᠦᠨᠴᠡ ᠰᠠᠷᠯᠠᠭ ᠤ᠋ᠨ ᠲᠠᠪᠤᠨ ᠮᠣᠵᠢ ᠪᠠ ᠳᠣᠯᠣᠭᠠᠨ ᠬᠣᠲᠠᠨ ᠢ᠋ ᠬᠤᠷᠢᠶᠠᠮᠵᠢᠯᠠᠨ ᠲᠣᠭᠲᠠᠭᠠᠬᠤ ᠲᠤᠯᠠ ᠡᠨᠳᠡ ᠵᠣᠭᠰᠣᠬᠤ ᠪᠠᠷ ᠪᠡᠯᠡᠳᠬᠡᠨ ᠶᠡᠬᠡ ᠲᠤᠭ ᠰᠦᠯᠳᠡ ᠶ᠋ᠢ ᠶᠡᠬᠡ ᠪᠡᠷ ᠳᠠᠬᠢᠵᠤ ᠂ ᠲᠥᠪ ᠬᠠᠷᠰᠢ ᠶ᠋ᠢᠨ ᠡᠮᠦᠨ᠎ᠡ ᠵᠠᠯᠠᠨ ᠪᠣᠰᠬᠠᠪᠠ ᠃
ᠴᠣᠬᠣᠯᠠᠭᠰᠠᠨ ᠠᠨᠤ
ᠡᠷᠲᠡᠨ ᠦ᠌ ᠳᠠᠩ ᠤᠯᠤᠰ ᠤ᠋ᠨ ᠲᠠᠢᠽᠦ᠋ᠩ ᠯᠢ ᠱᠢ ᠮᠢᠨ ᠂ ᠸᠠᠩ ᠱᠢ ᠴᠥᠩ ᠢ᠋ ᠳᠠᠢᠯᠠᠭᠰᠠᠨᠠ ᠂ ᠳ᠋ᠧᠦ ᠵᠢᠶᠠᠨ ᠳᠧ ᠬᠣᠷᠢᠨ ᠲᠦᠮᠡᠨ ᠴᠡᠷᠢᠭ ᠢ᠋ᠶ᠋ᠡᠷ ᠢᠷᠡᠵᠦ ᠥᠮᠥᠭᠯᠡᠬᠦᠶᠡ ᠂ ᠳᠠᠩ ᠲᠠᠢᠽᠦ᠋ᠩ ᠠᠭᠤᠯᠠᠨ ᠳ᠋ᠤᠷ ᠭᠠᠷᠴᠤ ᠬᠠᠭᠠᠰ ᠡᠳᠦᠷ ᠦᠵᠡᠭᠡᠳ ᠪᠠᠭᠤᠵᠤ ᠢᠷᠡᠮᠡᠭᠴᠡ ᠲᠠᠪᠤᠨ ᠮᠢᠩᠭᠠᠨ ᠴᠡᠷᠢᠭ ᠢ᠋ ᠠᠪᠴᠤ ᠳ᠋ᠧᠦ ᠵᠢᠶᠠᠨ ᠳᠧ ᠶ᠋ᠢᠨ ᠬᠣᠷᠢᠨ ᠲᠦᠮᠡᠨ ᠴᠡᠷᠢᠭ ᠦ᠋ᠨ ᠳᠣᠲᠣᠷ᠎ᠠ ᠴᠣᠬᠢᠨ ᠣᠷᠣᠵᠤ ᠂ ᠳ᠋ᠧᠦ ᠵᠢᠶᠠᠨ ᠳᠧ ᠶ᠋ᠢ ᠠᠮᠢᠳᠤ ᠪᠠᠷᠢᠭᠰᠠᠨ ᠨᠢᠭᠡᠨ ᠬᠡᠷᠡᠭ ᠢ᠋ 《ᠶᠡᠬᠡ ᠭᠠᠩ ᠮᠦ᠍ ᠪᠢᠴᠢᠭ 》 ᠲᠣᠷ ᠲᠣᠳᠣᠷᠬᠠᠢ ᠲᠡᠮᠳᠡᠭᠯᠡᠵᠦᠬᠦᠢ ᠃ ᠠᠶ᠎ᠠ ᠡᠭᠦᠪᠡᠷ ᠦᠵᠡᠬᠦᠯ᠎ᠡ ᠂ ᠤᠯᠤᠰ ᠨᠡᠭᠡᠭᠡᠵᠦ ᠲᠤᠯᠭᠤᠷ ᠪᠠᠢᠭᠤᠯᠬᠤ ᠬᠠᠳ ᠬᠡᠮᠡᠭᠴᠢ ᠦᠨᠡᠨ ᠢ᠋ᠶ᠋ᠡᠷ ᠥᠪᠡᠷ᠎ᠡ ᠵᠦᠢᠯ ᠦ᠋ᠨ ᠣᠶᠤᠨ ᠮᠠᠲᠠᠯ ᠲᠠᠢ ᠲᠥᠷᠥᠬᠦ ᠠᠵᠤᠭᠤ ᠃ ᠡᠨᠡ ᠪᠦᠯᠦᠭ ᠲᠣᠷ ᠲᠠᠢᠽᠦ ᠰᠠᠷᠯᠠᠭ ᠢ᠋ ᠠᠪᠤᠭᠰᠠᠨ ᠡᠨᠡ ᠨᠢᠭᠡᠨ ᠬᠡᠷᠡᠭ ᠂ ᠲᠠᠢᠽᠦ᠋ᠩ ᠦ᠋ᠨ ᠳ᠋ᠧᠦ ᠵᠢᠶᠠᠨ ᠳᠧ ᠶ᠋ᠢ ᠪᠠᠷᠢᠭᠰᠠᠨ ᠠ᠋ᠴᠠ ᠶᠠᠭᠤᠨ ᠥᠭᠡᠷ᠎ᠡ ᠦᠨᠡᠬᠡᠷ ᠪᠠᠢᠬᠤ ᠬᠡᠷᠡᠭ ᠠᠵᠢ ! ᠵᠢᠴᠢ ᠪᠠᠰᠠ ᠡᠷᠲᠡᠨ ᠦ᠌ ᠡᠤ ᠤᠯᠤᠰ ᠤ᠋ᠨ ᠬᠤᠸᠠᠩ ᠭᠠᠢ ᠶ᠋ᠢᠨ ᠮᠢᠬᠠᠨ ᠭᠠᠰᠢᠭᠤᠨ ᠤ᠋ ᠠᠷᠭ᠎ᠠ ᠶ᠋ᠢᠨ ᠨᠢᠭᠡᠨ ᠪᠦᠯᠦᠭ ᠢ᠋ ᠦᠵᠡᠬᠦ ᠪᠦᠷᠢ ᠳᠣᠲᠣᠷ᠎ᠠ ᠲᠦᠭᠰᠢᠳᠡᠭ ᠪᠥᠯᠥᠭᠡ ᠂ ᠡᠳᠦᠭᠡ ᠡᠨᠡ ᠪᠦᠯᠦᠭ ᠲᠣᠷ ᠡᠳᠦᠢᠴᠢᠨᠡᠭᠡᠨ ᠬᠥᠮᠦᠨ ᠦ᠌ ᠮᠢᠬᠠᠨ ᠭᠠᠰᠢᠭᠤᠨ ᠨᠡᠩ ᠢᠯᠡᠭᠦᠦ ᠳᠣᠲᠣᠷ᠎ᠠ ᠲᠦᠭᠰᠢᠪᠡ ᠃ ᠶᠠᠭᠤᠨ ᠬᠡᠮᠡᠪᠡᠰᠦ : ᠬᠤᠸᠠᠩ ᠭᠠᠢ ᠶ᠋ᠢᠨ ᠬᠡᠷᠡᠭ ᠂ ᠲᠡᠭᠦᠨ ᠦ᠌ ᠡᠵᠡᠨ ᠪᠠ ᠲᠡᠭᠦᠨ ᠦ᠌ ᠥᠪᠡᠷ ᠦ᠋ᠨ ᠪᠡᠶ᠎ᠡ ᠡᠴᠡ ᠥᠪᠡᠷ᠎ᠡ ᠬᠥᠮᠦᠨ ᠮᠡᠳᠡᠬᠦ ᠦᠭᠡᠢ ᠲᠤᠯᠠ ᠲᠦᠭᠰᠢᠯ ᠪᠠᠭ᠎ᠠ ᠂ ᠵᠠᠯᠮ᠎ᠠ ᠶ᠋ᠢᠨ ᠡᠨᠡ ᠬᠡᠷᠡᠭ ᠢ᠋ ᠵᠠᠭᠤᠨ ᠬᠥᠮᠦᠨ ᠮᠡᠳᠡᠬᠦ ᠲᠤᠯᠠ ᠲᠦᠭᠰᠢᠯ ᠮᠠᠰᠢ ᠶᠡᠬᠡ ᠂ ᠲᠡᠢᠨ ᠠᠲᠠᠯ᠎ᠠ ᠶᠠᠭᠠᠬᠢᠨ ᠡᠰᠡ ᠰᠡᠷᠡᠭᠳᠡᠪᠡ ? ᠬᠡᠮᠡᠪᠡᠰᠦ ᠄ ᠤᠴᠢᠷ ᠪᠣᠢ ᠃ ᠲᠡᠷᠢᠭᠦᠨ ᠳ᠋ᠦ᠍ᠷ ᠵᠠᠯᠮ᠎ᠠ ᠡᠵᠡᠨ ᠡᠴᠡ ᠪᠡᠨ ᠤᠷᠪᠠᠬᠤ ᠠᠨᠤ ᠪᠤᠰᠤ ᠂ ᠬᠣᠶᠠᠷ ᠲᠤᠷ ᠣᠯᠠᠨ ᠠᠢᠮᠠᠭ ᠤ᠋ᠨ ᠴᠡᠷᠢᠭ ᠪᠣᠢ ᠂ ᠭᠤᠷᠪᠠᠨ ᠳ᠋ᠤᠷ ᠦᠨᠡᠨ ᠴᠦ᠍ ᠪᠣᠯᠪᠠ ᠬᠤᠳᠠᠯ ᠴᠤ᠌ ᠪᠣᠯᠪᠠ ᠂ ᠲᠡᠭᠦᠨ ᠦ᠌ ᠡᠵᠡᠨ ᠢ᠋ ᠢᠨᠤ ᠬᠠᠭᠤᠷᠴᠤ ᠠᠯᠠᠰᠤᠭᠠᠢ ᠬᠡᠮᠡᠬᠦ ᠶᠡᠬᠡ ᠰᠠᠨᠠᠭ᠎ᠠ ᠪᠣᠢ ᠲᠤᠯᠠ ᠬᠡᠷᠡᠭ ᠪᠣᠯᠭᠠᠨ ᠦᠵᠡᠭᠰᠡᠨ ᠦᠭᠡᠢ ᠶ᠋ᠢᠨ ᠲᠤᠯᠠ ᠡᠰᠡ ᠰᠡᠷᠡᠵᠦᠬᠦᠢ ᠂ ᠶᠠᠭᠤᠨᠠᠢ ᠴᠡᠷᠢᠭ ᠦ᠋ᠨ ᠰᠡᠳᠬᠢᠯ ᠢ᠋ ᠬᠤᠪᠢᠯᠭᠠᠵᠤ ᠂ ᠴᠡᠷᠢᠭ ᠦ᠋ᠨ ᠦᠨᠳᠦᠰᠦᠨ ᠢ᠋ ᠬᠣᠣᠷᠯᠠᠭᠰᠠᠨ ᠢ᠋ ᠰᠡᠷᠡᠬᠦ ᠠᠵᠢ ! ᠵᠢᠨᠦᠩ ᠮᠤᠬᠤᠯᠢ ᠲᠠᠪᠤᠨ ᠪᠠᠷᠰ ᠤ᠋ᠨ ᠵᠠᠩᠵᠤᠨ ᠢ᠋ ᠰᠢᠯᠭᠠᠬᠤ ᠶ᠋ᠢᠨ ᠦᠶ᠎ᠡ ᠡᠴᠡ ᠡᠨᠡ ᠰᠠᠷᠯᠠᠭ ᠢ᠋ ᠳᠠᠢᠯᠠᠬᠤ ᠠᠷᠭ᠎ᠠ ᠶ᠋ᠢ ᠪᠡᠯᠡᠳᠬᠡᠭᠰᠡᠨ ᠢ᠋ᠶ᠋ᠡᠷ ᠤᠳᠠᠭᠠᠨ ᠡᠳᠦᠷ ᠵᠢᠰᠢᠭᠰᠡᠨ ᠲᠤᠯᠠ ᠡᠨᠡ ᠴᠠᠭ ᠲᠤᠷ ᠪᠣᠯᠪᠠᠰᠤᠷᠠᠨ ᠪᠦᠷᠢᠳᠦᠭᠡᠳ ᠬᠤᠷᠴᠠ ᠬᠢᠲᠤᠭ᠎ᠠ ᠪᠠᠷ ᠲᠠᠷᠪᠤᠰ ᠬᠠᠭᠠᠯᠬᠤ ᠮᠡᠲᠦ ᠢᠨᠦ ᠴᠣᠬᠣᠮ ᠡᠷᠲᠡᠨ ᠦ᠌ ᠰᠦᠨ ᠡᠤ ᠽᠢ ᠶ᠋ᠢᠨ ᠬᠡᠯᠡᠭᠰᠡᠨ :《ᠮᠢᠩᠭᠠᠨ ᠭᠠᠵᠠᠷ ᠤ᠋ᠨ ᠭᠠᠳᠠᠨ᠎ᠠ ᠂ ᠴᠡᠷᠢᠭ ᠲᠦ᠍ᠷ ᠲᠤᠯᠬᠤ ᠠᠷᠭ᠎ᠠ ᠶ᠋ᠢ ᠲᠠᠩᠬᠢᠮ ᠤ᠋ᠨ ᠳᠣᠲᠣᠷ᠎ᠠ ᠪᠠᠨ ᠲᠣᠭᠲᠠᠭᠠᠮᠤᠢ 》 ᠬᠡᠮᠡᠭᠴᠢ ᠴᠢᠪᠬᠢᠲᠡᠯ᠎ᠡ ᠡᠭᠦᠨ ᠢ᠋ ᠬᠡᠯᠡᠭᠰᠡᠨ ᠪᠣᠯᠠᠢ ᠃ ᠬᠡᠳᠦᠢ ᠵᠢᠯ ᠦ᠋ᠨ ᠡᠮᠦᠨ᠎ᠡ ᠲᠠᠢᠴᠢᠭᠤᠳ ᠤ᠋ᠨ ᠴᠢᠯᠭᠡᠷ ᠪᠥᠬᠡ ᠶ᠋ᠢ ᠪᠠᠷᠢᠭᠰᠠᠨ ᠲᠤᠬᠠᠢ ᠠ᠋ᠴᠠ ᠮᠤᠬᠤᠯᠢ ᠰᠠᠷᠯᠠᠭ ᠤᠯᠤᠰ ᠲᠤᠷ ᠰᠡᠳᠬᠢᠯ ᠲᠠᠯᠪᠢᠭᠰᠠᠨ ᠢ᠋ ᠮᠡᠷᠭᠡᠳ ᠢ᠋ᠶ᠋ᠡᠷ ᠡᠰᠡ ᠤᠪᠠᠢᠯᠠᠭᠰᠠᠨ ᠪᠣᠢ ᠶᠠ ! ᠲᠡᠷᠡ ᠤᠳᠠᠭ᠎ᠠ ᠶ᠋ᠢᠨ ᠣᠷᠬᠢᠭᠰᠠᠨ ᠤᠷᠬ᠎ᠠ ᠶ᠋ᠢᠨ ᠵᠠᠭᠤᠨ ᠢᠯᠡᠭᠦᠦ ᠴᠡᠷᠢᠭ ᠢ᠋ ᠬᠠᠷᠠᠭᠤᠯᠤᠭᠰᠠᠨ ᠢ᠋ ᠤᠬᠠᠪᠠᠰᠤ ᠵᠣᠬᠢᠮᠤᠢ ᠃ ᠬᠣᠢᠨ᠎ᠠ ᠪᠠᠰᠠ ᠲᠠᠪᠤᠨ ᠪᠠᠷᠰ ᠤ᠋ᠨ ᠵᠠᠩᠵᠤᠨ ᠢ᠋ ᠰᠢᠯᠭᠠᠬᠤᠢ ᠳ᠋ᠤᠷ ᠰᠤᠯᠠ ᠴᠡᠷᠢᠭ ᠡᠴᠡ ᠬᠤᠢᠯᠠᠲᠠᠷ ᠬᠣᠰᠢᠭᠤᠴᠢ ᠶ᠋ᠢ ᠣᠯᠤᠭᠠᠳ ᠴᠢᠳᠠᠯᠲᠠᠨ ᠢ᠋ ᠦᠵᠡᠵᠦ ᠡᠰᠡ ᠭᠠᠷᠤᠨ ᠳᠠᠷᠤᠭᠳᠠᠭᠤᠯᠪᠠ ᠭᠡᠮᠡᠨ ᠶᠠᠯ᠎ᠠ ᠬᠦᠯᠢᠶᠡᠭᠰᠡᠨ ᠢᠨᠤ ᠲᠤᠰ ᠪᠡᠶ᠎ᠡ ᠮᠡᠲᠦ ᠂ ᠬᠣᠢᠨ᠎ᠠ ᠴᠡᠷᠢᠭ ᠮᠣᠷᠳᠠᠬᠤᠶ᠎ᠠ ᠂ ᠲᠠᠢᠽᠦ ᠶ᠋ᠢᠨ ᠲᠤᠭ ᠡᠰᠡ ᠬᠥᠳᠡᠯᠦᠭᠰᠡᠨ ᠳ᠋ᠦ᠍ᠷ ᠥᠪᠡᠷ ᠦ᠋ᠨ ᠪᠡᠶ᠎ᠡ ᠪᠡᠨ ᠬᠦᠯᠢᠭᠦᠯᠦᠭᠰᠡᠨ ᠢᠨᠦ ᠡᠭᠦᠨ ᠦ᠌ ᠰᠡᠭᠦᠳᠡᠷ ᠢᠨᠦ ᠪᠤᠶᠤ ᠂ ᠪᠣᠳᠠᠲᠠᠢ ᠠᠨᠤ ᠴᠢᠬᠤᠯᠠ ᠦᠭᠡᠢ ᠂ ᠬᠠᠷᠢᠨ ᠬᠣᠵᠢᠮ ᠤ᠋ᠨ ᠰᠡᠭᠦᠯ ᠢᠨᠤ ᠮᠠᠰᠢ ᠴᠢᠬᠤᠯᠠ ᠪᠣᠯᠵᠤᠬᠤᠢ ᠃ ᠡᠷᠲᠡᠨ ᠦ᠌ ᠣᠯᠠᠨ ᠤᠯᠤᠰ ᠤ᠋ᠨ ᠰᠦᠨ ᠡᠤ ᠽᠢ ᠂ ᠡᠤ ᠤᠯᠤᠰ ᠤ᠋ᠨ ᠴᠡᠷᠢᠭ ᠢ᠋ ᠰᠤᠷᠭᠠᠬᠤᠶ᠎ᠠ ᠂ ᠡᠤ ᠸᠠᠩ ᠤ᠋ᠨ ᠬᠣᠶᠠᠷ ᠠᠮᠠᠷᠠᠭ ᠹᠧᠢ ᠶ᠋ᠢ ᠠᠯᠠᠭᠰᠠᠨ ᠨᠢᠭᠡᠨ ᠬᠡᠷᠡᠭ ᠭᠠᠷᠭᠠᠬᠤᠶ᠎ᠠ ᠂ ᠡᠨᠡ ᠤᠳᠠᠭ᠎ᠠ ᠶ᠋ᠢᠨ ᠲᠠᠢᠽᠦ ᠪᠡᠶ᠎ᠡ ᠪᠡᠷ ᠶᠠᠯ᠎ᠠ ᠬᠦᠯᠢᠶᠡᠨ ᠲᠣᠷᠭᠠᠭᠤᠯᠢ ᠭᠠᠷᠭᠠᠬᠤᠢ ᠳ᠋ᠤᠷ ᠬᠦᠷᠦᠭᠦᠯᠦᠭᠰᠡᠨ ᠢᠨᠤ ᠲᠡᠷᠡ ᠰᠦᠨ ᠡᠦ ᠽᠢ ᠶ᠋ᠢᠨ ᠴᠠᠭᠠᠵᠠ ᠠ᠋ᠴᠠ ᠶᠠᠮᠪᠠᠷ ᠪᠣᠢ ? ᠲᠡᠷᠡ ᠤᠷᠬ᠎ᠠ ᠶ᠋ᠢᠨ ᠲᠤᠰᠤᠯᠲᠠ ᠠᠨᠤ ᠡᠨᠡ ᠪᠦᠯᠦᠭ ᠦ᠋ᠨ ᠠᠷᠪᠠᠨ ᠵᠦᠢᠯ ᠦ᠋ᠨ ᠤᠴᠢᠷ ᠢ᠋ ᠲᠣᠭᠠᠴᠢᠨ ᠂ ᠠᠷᠪᠠᠨ ᠠᠩᠭᠢ ᠴᠡᠷᠢᠭ ᠰᠠᠯᠭᠠᠨ ᠨᠢᠭᠡᠬᠡᠨ ᠰᠥᠨᠢ ᠪᠡᠷ ᠰᠠᠷᠯᠠᠭ ᠢ᠋ ᠰᠠᠷᠨᠢᠭᠤᠯᠤᠭᠰᠠᠨ ᠪᠣᠯᠠᠢ ᠃ ᠡᠨᠡ ᠮᠡᠲᠦ ᠭᠡᠭᠡᠬᠡᠨ ᠡᠵᠡᠨ ᠳ᠋ᠦ᠍ᠷ ᠪᠠᠰᠠ ᠡᠨᠡ ᠮᠡᠲᠦ ᠬᠤᠷᠴᠠ ᠲᠦᠰᠢᠮᠡᠯ ᠬᠠᠪᠰᠤᠵᠤ ᠨᠡᠢᠯᠡᠭᠰᠡᠨ ᠪᠥᠭᠡᠳ ᠠᠷᠪᠠᠨ ᠭᠤᠷᠪᠠᠨ ᠨᠠᠰᠤ ᠲᠠᠢ ᠪᠠᠶᠠᠨ ᠬᠥᠪᠡᠭᠦᠨ ᠳ᠋ᠦ᠍ᠷ ᠬᠠᠭᠤᠷᠲᠠᠵᠤ ᠮᠡᠬᠡᠯᠡᠭᠳᠡᠨ ᠠᠮᠠ ᠬᠠᠭᠠᠭᠳᠠᠵᠤ ᠂ ᠪᠠᠰᠠ ᠪᠠᠢᠴᠠᠭᠠᠪᠠᠰᠤ ᠣᠭᠲᠣ ᠭᠠᠯ ᠤ᠋ᠨ ᠵᠦᠢᠯ ᠦᠭᠡᠢ ᠬᠡᠮᠡᠭᠰᠡᠨ ᠢᠨᠤ ᠢᠯᠡᠷᠭᠡᠶ᠎ᠡ ᠪᠧᠲ᠋ᠠ᠋ ᠤᠯᠤᠰ ᠢ᠋ ᠡᠳ᠋ ᠦ᠋ᠨ ᠲᠥᠯᠥᠭᠡ ᠬᠥᠮᠦᠨ ᠢ᠋ ᠭᠡᠯᠳᠦᠷᠢᠭᠦᠯᠪᠡ ᠬᠡᠮᠡᠭᠰᠡᠨ ᠰᠠᠨᠠᠭᠠᠨ ᠪᠤᠰᠤ ᠤᠤ ? ᠪᠤᠰᠤ ᠪᠣᠯᠠᠢ ᠂ ᠪᠤᠰᠤ ᠪᠣᠯᠠᠢ ! ᠡᠷᠲᠡ ᠺᠦᠩᠽᠢ ᠰᠢᠶᠠᠩ ᠲᠦᠸᠧ ᠶ᠋ᠢ ᠪᠠᠭᠰᠢ ᠪᠠᠷᠢᠪᠠ ᠬᠡᠮᠡᠬᠦ ᠦᠭᠡᠰ ᠢ᠋ ᠬᠣᠴᠣᠷᠤᠭᠤᠯᠪᠠ ᠂ ᠲᠡᠭᠦᠨᠴᠢᠯᠡᠨ ᠪᠠᠶᠠᠨ ᠥᠴᠦᠬᠡᠨ ᠫᠤᠤ ᠶ᠋ᠢᠨ ᠣᠨᠢᠰᠣᠨ ᠢ᠋ ᠡᠭᠦᠳᠡᠨ ᠦ᠌ ᠵᠠᠪᠰᠠᠷ ᠲᠤᠷ ᠬᠠᠪᠴᠢᠭᠤᠯᠤᠭᠠᠳ ᠡᠵᠡᠨ ᠢ᠋ᠶ᠋ᠡᠨ ᠨᠢᠭᠡᠨ ᠭᠡᠷ ᠢ᠋ ᠠᠪᠤᠷᠠᠨ ᠭᠠᠷᠤᠭᠰᠠᠨ ᠠᠨᠤ ᠬᠠᠨᠳᠠᠭᠠᠢ ᠶ᠋ᠢᠨ ᠵᠠᠯᠮ᠎ᠠ ᠯᠤᠭ᠎ᠠ ᠨᠡᠢᠯᠡᠵᠦ ᠂ ᠬᠣᠲᠠ ᠪᠠᠨ ᠨᠡᠭᠡᠭᠡᠵᠦ ᠥᠭᠭᠦᠭᠰᠡᠨ ᠳ᠋ᠦ᠍ᠷ ᠦᠯᠢᠳᠬᠡᠪᠡᠰᠦ ᠶᠠᠮᠪᠠᠷ ᠪᠣᠢ ? ᠬᠠᠨᠳᠠᠭᠠᠢ ᠬᠠᠷᠢᠨ ᠨᠢᠭᠡᠬᠡᠨ ᠤᠳᠠᠭ᠎ᠠ ᠢᠴᠢᠭᠡᠭᠳᠡᠭᠡᠳ ᠭᠠᠳᠠᠭᠠᠳᠤ ᠳᠠᠢᠰᠤᠨ ᠯᠤᠭ᠎ᠠ ᠨᠡᠢᠯᠡᠬᠦ ᠳ᠋ᠦ᠍ᠷ ᠬᠦᠷᠦᠭᠰᠡᠨ ᠪᠥᠭᠡᠲᠡᠯ᠎ᠡ ᠪᠠᠶᠠᠨ ᠬᠠᠷᠢᠨ ᠪᠢᠴᠢᠬᠠᠨ ᠬᠥᠪᠡᠭᠦᠨ ᠪᠥᠭᠡᠳ ᠬᠣᠶᠠᠷ ᠤᠳᠠᠭ᠎ᠠ ᠢᠴᠢᠭᠡᠭᠳᠡᠭᠰᠡᠨ ᠠᠲᠠᠯ᠎ᠠ ᠵᠢᠷᠤᠮ ᠨᠡᠩᠳᠡ ᠨᠡᠮᠡᠭᠳᠡᠭᠰᠡᠨ ᠢᠨᠤ ᠬᠥᠮᠦᠨ ᠦ᠌ ᠲᠥᠷᠥᠯᠬᠢ ᠴᠢᠨᠠᠷ ᠬᠡᠮᠡᠭᠴᠢ ᠡᠨᠡ ᠮᠡᠲᠦ ᠬᠡᠴᠡᠭᠦᠦ ᠠᠵᠤᠭᠤ ! ᠬᠠᠨᠳᠠᠭᠠᠢ ᠶᠠᠭᠤᠲᠠᠢ ᠢᠴᠢᠭᠦᠷᠢ ᠲᠡᠢ ᠠᠵᠢ ! ᠡᠨᠡ ᠪᠠᠶᠠᠨ ᠤ᠋ ᠦᠬᠦᠬᠦ ᠦᠶ᠎ᠡ ᠶ᠋ᠢᠨ ᠦᠭᠡᠰ ᠢ᠋ ᠮᠡᠷᠭᠡᠳ ᠢ᠋ᠶ᠋ᠡᠷ ᠲᠡᠮᠳᠡᠭᠯᠡᠵᠦ ᠠᠪᠤᠭᠠᠳ ᠬᠣᠵᠢᠮ ᠤ᠋ᠨ ᠲᠠᠢᠽᠦ ᠶ᠋ᠢᠨ ᠠᠴᠢ ᠬᠤᠪᠢᠯᠠᠢ ᠰᠡᠴᠡᠨ ᠬᠠᠭᠠᠨ ᠱᠢᠽᠦ ᠪᠣᠭᠳᠠ ᠶ᠋ᠢᠨ ᠦᠶ᠎ᠡ ᠶ᠋ᠢᠨ ᠭᠠᠷᠤᠭᠰᠠᠨ ᠡᠨᠡ ᠪᠠᠶᠠᠨ ᠤ᠋ ᠬᠤᠪᠢᠯᠭᠠᠨ ᠨᠡᠷ᠎ᠡ ᠪᠠᠰᠠ ᠪᠠᠶᠠᠨ ᠂ ᠲᠡᠷᠡ ᠪᠠᠶᠠᠨ ᠤ᠋ ᠰᠥᠩ ᠤᠯᠤᠰ ᠢ᠋ ᠳᠠᠢᠯᠠᠭᠰᠠᠨ ᠢ᠋ ᠦᠵᠡ ᠃ ᠪᠢᠴᠢᠭ ᠠᠢᠯᠠᠳᠬᠤ ᠮᠡᠷᠭᠡᠳ ᠢ᠋ᠶ᠋ᠡᠷ ᠰᠠᠢᠬᠠᠨ ᠲᠡᠮᠳᠡᠭᠯᠡᠵᠦ ᠠᠪᠤᠭᠠᠳ ᠡᠨᠡ ᠬᠣᠷᠢᠨ ᠨᠢᠭᠡᠳᠦᠭᠡᠷ ᠪᠦᠯᠦᠭ ᠦ᠋ᠨ ᠪᠠᠶᠠᠨ ᠠᠨᠤ ᠡᠷᠲᠡᠨ ᠦ᠌ ᠪᠠᠶᠠᠨ ᠂ ᠲᠡᠷᠡ ᠪᠠᠶᠠᠨ ᠠᠨᠤ ᠬᠣᠵᠢᠮ ᠤ᠋ᠨ ᠪᠠᠶᠠᠨ ᠂ ᠬᠣᠶᠠᠷ ᠥᠪᠡᠷ᠎ᠡ ᠪᠠᠶᠠᠨ ᠪᠤᠶᠤ ! ᠲᠡᠢᠨ ᠪᠣᠯᠪᠠᠴᠤ ᠡᠨᠡ ᠪᠠᠶᠠᠨ ᠤ᠋ ᠰᠡᠳᠦᠯᠭᠡᠷ ᠢ᠋ᠶ᠋ᠡᠷ ᠲᠡᠷᠡ ᠪᠠᠶᠠᠨ ᠭᠠᠷᠤᠭᠰᠠᠨ ᠪᠥᠯᠥᠭᠡ ᠃ ᠶᠡᠬᠡ ᠬᠣᠢᠨ᠎ᠠ ᠰᠠᠶᠢ ᠲᠡᠷᠡ ᠪᠠᠶᠠᠨ ᠭᠠᠷᠴᠤ ᠢᠷᠡᠮᠦᠢ ᠂ ᠲᠡᠢᠨ ᠬᠦ᠌ ᠡᠨᠳᠡ ᠲᠡᠮᠳᠡᠭᠯᠡᠪᠡ ᠃
