ᠬᠥᠬᠡ ᠰᠤᠳᠤᠷ - ᠢᠨᠵᠠᠨᠨᠠᠰᠢ < ᠬᠣᠷᠢᠨ ᠳᠦᠷᠪᠡᠳᠦᠭᠡᠷ ᠪᠦᠯᠦᠭ > Хөх судар - Инжинаш <Хорин дөрөвдүгээр бүлэг >
ᠳᠡᠰ ᠠᠭᠤᠯᠠᠨ᠎ᠠ ᠲᠠᠯᠪᠢᠭᠤ ᠮᠤᠬᠤᠯᠢ ᠲᠠᠪᠤᠨ ᠵᠠᠮ ᠤ᠋ᠨ ᠬᠡᠷᠡᠢᠳ ᠦ᠋ᠨ ᠴᠡᠷᠢᠭ ᠢ᠋ ᠳᠠᠷᠤᠪᠠ
ᠲᠠᠷᠠᠭ ᠣᠰᠤᠨ᠎ᠠ ᠲᠠᠢᠽᠦ ᠪᠣᠭᠳᠠ ᠲᠠᠰᠤᠷᠬᠠᠢ ᠵᠢᠷᠤᠮ ᠢ᠋ᠶ᠋ᠠᠷ ᠡᠾᠸ ᠸᠠᠩ ᠲᠤᠭᠤᠷᠢᠯ ᠢ᠋ ᠲᠠᠯᠪᠢᠪᠠ
ᠬᠣᠷᠢᠨ ᠳᠥᠷᠪᠡᠳᠦᠭᠡᠷ ᠪᠦᠯᠦᠭ
ᠰᠥᠩ ᠨᠢᠩᠽᠦ᠋ᠩ ᠦ᠋ᠨ ᠴᠢᠩ ᠶᠤᠸᠠᠨ ᠤ᠋ ᠭᠤᠷᠪᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋
ᠴᠧᠩ ᠠᠨ ᠤ᠋ ᠬᠣᠶᠠᠳᠤᠭᠠᠷ ᠣᠨ ᠂ ᠲᠠᠢᠽᠦ ᠭᠤᠴᠢᠨ ᠵᠢᠷᠭᠤᠭᠠᠨ ᠰᠡᠭᠦᠳᠡᠷ ᠲᠡᠢ ᠪᠣᠢ ᠂ ᠣᠯᠠᠭ᠍ᠨᠴᠢᠨ ᠮᠣᠭᠠᠢ ᠵᠢᠯ ᠪᠠᠢᠭᠰᠠᠭᠠᠷ ᠪᠤᠶᠤ
ᠳᠡᠰ ᠠᠭᠤᠯᠠᠨ᠎ᠠ ᠲᠠᠯᠪᠢᠭᠤ ᠮᠤᠬᠤᠯᠢ ᠲᠠᠪᠤᠨ ᠵᠠᠮ ᠤ᠋ᠨ ᠬᠡᠷᠡᠢᠳ ᠦ᠋ᠨ ᠴᠡᠷᠢᠭ ᠢ᠋ ᠳᠠᠷᠤᠪᠠ
ᠲᠠᠷᠠᠭ ᠣᠰᠤᠨ᠎ᠠ ᠲᠠᠢᠽᠦ ᠪᠣᠭᠳᠠ ᠲᠠᠰᠤᠷᠬᠠᠢ ᠵᠢᠷᠤᠮ ᠢ᠋ᠶ᠋ᠠᠷ ᠾᠧ ᠸᠠᠩ ᠲᠣᠭᠣᠷᠢᠯ ᠢ᠋ ᠲᠠᠯᠪᠢᠪᠠ
ᠴᠢᠨᠣ᠎ᠠ ᠰᠢᠷᠠᠨᠤᠳ ᠤ᠋ᠨ ᠴᠢᠭᠤᠯᠭᠠᠨ ᠰᠦᠷᠦᠭ ᠲᠣᠷ ᠴᠢᠯᠠᠭᠤᠨ ᠮᠥᠨᠳᠥᠷ ᠣᠷᠣᠵᠤ
ᠴᠢᠰᠤᠨ ᠪᠠᠢᠯᠳᠤᠭᠠᠨ ᠤ᠋ ᠴᠢᠬᠤᠯᠠ ᠴᠠᠭ ᠲᠤᠷ ᠴᠡᠷᠢᠭ ᠦ᠋ᠨ ᠡᠵᠡᠨ ᠢ᠋ ᠲᠠᠯᠪᠢᠵᠤᠬᠤᠢ ᠂
ᠴᠢᠳᠠᠨ ᠪᠥᠭᠡᠲᠡᠯ᠎ᠡ ᠦᠯᠦ ᠮᠥᠬᠥᠭᠡᠬᠦ ᠦᠨᠡᠨ ᠢ᠋ᠶ᠋ᠡᠷ ᠴᠦ᠍ ᠲᠩᠷᠢ ᠶ᠋ᠢᠨ ᠬᠥᠪᠡᠭᠦᠨ
ᠴᠢᠷᠮᠠᠢᠨ ᠦᠯᠡᠳᠡᠭᠡᠭᠰᠡᠨ ᠪᠤᠶᠠᠨ ᠤ᠋ ᠦᠭᠡ ᠶ᠋ᠢ ᠡᠳᠦᠭᠡ ᠪᠣᠯᠲᠠᠯ᠎ᠠ ᠡᠳ᠋ᠯᠡᠮᠦᠢ ᠃
ᠲᠡᠭᠦᠨᠴᠡ ᠵᠢᠨᠦᠩ ᠮᠤᠬᠤᠯᠢ ᠴᠢᠷᠠᠢ ᠬᠤᠪᠢᠯᠤᠨ ᠬᠦᠨᠳᠦ ᠡᠷᠡᠭᠦᠦ ᠦᠵᠡᠭᠦᠯᠦᠭᠰᠡᠨ ᠳ᠋ᠦ᠍ᠷ ᠣᠯᠣᠩᠬᠤ ᠂ ᠭᠣᠣᠷᠬᠢ ᠬᠣᠶᠠᠭᠤᠯᠠ ᠪᠤᠰᠤ ᠦᠭᠡ ᠶ᠋ᠢ ᠮᠥᠨ ᠬᠡᠯᠡᠬᠦᠶ᠎ᠡ ᠪᠡᠷᠬᠡ ᠪᠣᠯᠤᠭᠰᠠᠨ ᠲᠤᠯᠠᠳᠠ ᠠᠷᠭ᠎ᠠ ᠦᠭᠡᠢ ᠰᠢᠭᠤᠳ ᠦᠨᠡᠨ ᠢ᠋ᠶ᠋ᠡᠨ ᠪᠦᠷᠢᠳᠬᠡᠨ ᠮᠡᠳᠡᠭᠦᠯᠦᠭᠰᠡᠨ᠎ᠡ ᠂ ᠢᠯᠳᠦ ᠶ᠋ᠢ ᠠᠪᠤᠭᠤᠯᠤᠨ ᠨᠦᠬᠡᠨ ᠭᠢᠨᠲᠠᠨᠠ ᠬᠣᠷᠢᠭᠤᠯᠵᠤ ᠂ ᠰᠢᠳᠠᠷ ᠠᠷᠠᠳ ᠢ᠋ ᠡᠨᠡ ᠬᠡᠷᠡᠭ ᠢ᠋ ᠴᠢᠩᠳᠠ ᠴᠠᠭᠠᠵᠠᠯᠠᠵᠤ ᠭᠠᠳᠠᠭ᠍ᠰᠢ ᠬᠡᠯᠡᠯᠴᠡᠵᠦ ᠪᠣᠯᠬᠤ ᠦᠭᠡᠢ ᠬᠡᠮᠡᠭᠡᠳ ᠪᠠᠰᠠ ᠨᠢᠭᠡᠨᠲᠡᠭᠡᠭᠦᠷ ᠥᠪᠡᠷ ᠦ᠋ᠨ ᠣᠢᠷ᠎ᠠ ᠰᠢᠳᠠᠷ ᠵᠠᠷᠤᠭᠳᠠᠬᠤ ᠨᠠᠢ᠍ᠮᠠᠨ ᠤᠯᠤᠰ ᠤ᠋ᠨ ᠳᠠᠭᠠᠭᠰᠠᠨ ᠴᠡᠷᠢᠭ ᠡᠴᠡ ᠰᠣᠩᠭᠣᠨ ᠠᠪᠤᠭᠰᠠᠨ ᠳ᠋ᠡᠷᠭᠢ ᠳᠠᠭᠤᠨ ① ᠬᠡᠮᠡᠭᠴᠢ ᠨᠡᠷ᠎ᠡ ᠲᠡᠢ ᠬᠥᠪᠡᠭᠦᠨ ᠢ᠋ ᠣᠯᠠᠨ ᠴᠡᠷᠢᠭ ᠦ᠋ᠨ ᠬᠦᠷᠢᠶ᠎ᠡ ᠳ᠋ᠦ᠍ᠷ ᠡᠨᠡ ᠬᠡᠷᠡᠭ ᠢ᠋ ᠮᠠᠲᠠᠪᠠᠤ ᠦᠭᠡᠢ ᠦᠦ ᠴᠢᠩᠨᠠᠵᠤ ᠢᠷ᠎ᠡ ᠭᠡᠮᠡᠨ ᠶᠠᠪᠤᠭᠤᠯᠤᠭᠠᠳ ᠬᠡᠷᠡᠢᠳ ᠦ᠋ᠨ ᠪᠡᠯᠡᠭ ᠪᠠ ᠪᠢᠴᠢᠭ ᠢ᠋ ᠥᠪᠡᠷ ᠢ᠋ᠶ᠋ᠡᠨ ᠠᠪᠴᠤ ᠪᠠᠰᠠ ᠲᠣᠷᠭᠠᠨ ᠰᠢᠷ᠎ᠠ ᠶ᠋ᠢ ᠬᠦᠯᠢᠶᠡᠨ ᠲᠠᠢᠽᠦ ᠶ᠋ᠢᠨ ᠬᠡᠷᠡᠭ ᠤᠯᠠᠮᠵᠢᠯᠠᠬᠤ ᠦᠷᠭᠦᠭᠡᠨ᠎ᠡ ᠢᠷᠡᠵᠦ ᠂ ᠤᠯᠤᠰ ᠤ᠋ᠨ ᠬᠡᠷᠡᠭ ᠵᠥᠪᠯᠡᠬᠦ ᠴᠠᠴᠠᠷ ᠲᠤᠷ ᠭᠡᠷᠡᠯ ᠵᠤᠯᠠ ᠶ᠋ᠢ ᠰᠢᠲᠠᠭᠠᠯᠭᠠᠵᠤ ᠂ ᠬᠠᠭᠠᠯᠭᠠᠨ ᠤ᠋ ᠲᠦᠰᠢᠮᠡᠳ ᠢ᠋ ᠴᠢᠩᠳᠠ ᠵᠠᠬᠢᠵᠤ ᠂ ᠰᠤᠯᠠ ᠠᠷᠠᠳ ᠢ᠋ ᠪᠢᠲᠡᠭᠡᠢ ᠤᠷᠤᠭᠤᠯ ᠬᠡᠮᠡᠭᠡᠳ ᠴᠢᠬᠤᠯᠠ ᠬᠡᠷᠡᠭ ᠮᠡᠳᠡᠭᠦᠯᠬᠦ ᠮᠣᠳᠣ ᠶ᠋ᠢ ᠶᠢᠰᠦᠨᠲᠡ ᠴᠣᠬᠢᠮᠠᠭᠴᠠ ᠲᠠᠢᠽᠦ ᠨᠣᠢᠷ ᠠ᠋ᠴᠠ ᠰᠡᠷᠢᠵᠦ ᠂ ᠳᠠᠷᠤᠢ ᠬᠤᠪᠴᠠᠯᠠᠨ ᠵᠠᠯᠠᠷᠠᠨ ᠭᠠᠷᠴᠤ ᠢᠷᠡᠭᠡᠳ ᠪᠠᠶᠠᠷ ᠤ᠋ᠨ ᠴᠢᠷᠠᠢ ᠪᠠᠷ ᠬᠣᠶᠠᠷ ᠰᠠᠢᠳ ᠠ᠋ᠴᠠ ᠪᠠᠨ ᠠᠰᠠᠭᠤᠷᠤᠨ :
ᠰᠡᠴᠡᠨ ᠪᠠᠭᠠᠲᠤᠷ ᠬᠣᠶᠠᠷ ᠰᠠᠢᠳ ᠮᠢᠨᠦ
ᠰᠡᠷᠭᠦᠭᠡᠨ ᠮᠡᠳᠡᠭᠦᠯᠬᠦ ᠶᠠᠮᠪᠠᠷ ᠦᠭᠡ ᠪᠣᠢ ?
ᠰᠡᠮᠭᠡᠢᠯᠡᠯ ᠦᠭᠡᠢ ᠪᠡᠷ ᠰᠢᠭᠤᠳ ᠬᠡᠯᠡᠵᠦ ᠭᠠᠷᠭ᠎ᠠ
ᠰᠡᠳᠬᠢᠪᠡᠴᠦ ᠮᠢᠨᠦ ᠲᠥᠷᠥ ᠶ᠋ᠢᠨ ᠲᠥᠯᠥᠭᠡ ᠪᠣᠯᠠᠢ
ᠬᠡᠮᠡᠭᠰᠡᠨ ᠳ᠋ᠦ᠍ᠷ ᠮᠤᠬᠤᠯᠢ ᠮᠤᠬᠤᠢᠨ ᠰᠥᠭᠥᠳᠴᠦ ᠮᠡᠳᠡᠭᠦᠯᠦᠷᠦᠨ : 《ᠬᠡᠷᠡᠢᠳ ᠠᠢᠮᠠᠭ ᠤ᠋ᠨ ᠾᠧ ᠸᠠᠩ ᠬᠡᠷᠴᠡᠭᠡᠢ ᠪᠤᠷᠤᠭᠤ ᠪᠠᠨ ᠦᠯᠦ ᠬᠠᠯᠠᠨ ᠂ ᠬᠡᠰᠢᠭ ᠥᠷᠥᠰᠢᠶᠡᠯ ᠢ᠋ ᠲᠡᠰᠡᠷᠭᠦᠯᠡᠨ ᠪᠠᠢᠯᠳᠤᠷ᠎ᠠ ᠳᠣᠪᠲᠣᠯᠤᠭᠰᠠᠭᠠᠷ ᠠᠢᠰᠤᠢ ! 》 ᠬᠡᠮᠡᠭᠡᠳ ᠥᠨᠥᠬᠡᠨ ᠦ᠌ ᠬᠡᠷᠡᠭ ᠢ᠋ ᠡᠬᠢᠨ ᠡᠴᠡ ᠠᠳᠠᠭ ᠲᠤᠷ ᠬᠦᠷᠲᠡᠯ᠎ᠡ ᠨᠢᠭᠡᠨ ᠵᠡᠷᠭᠡ ᠮᠡᠳᠡᠭᠦᠯᠵᠦ ᠂ ᠪᠡᠯᠡᠭ ᠪᠢᠴᠢᠭ ᠢ᠋ ᠡᠷᠭᠦᠨ ᠦᠵᠡᠭᠦᠯᠦᠭᠰᠡᠨᠡ ᠂ ᠲᠠᠢᠽᠦ ᠴᠠᠭ ᠬᠱᠡᠨᠡ ᠶᠡᠬᠡᠯ᠎ᠡ ᠬᠢᠯᠢᠩᠯᠡᠵᠦ ᠵᠠᠬᠢᠷᠤᠨ :
ᠠᠷᠳᠠ ᠬᠤᠰᠠᠭᠤᠷᠢ ᠳᠠᠯᠵᠢᠲᠠᠢ ᠠᠮᠢᠲᠠᠨ ᠤ᠋ ᠰᠡᠳᠬᠢᠯ ᠦᠭᠡᠢ ᠂
ᠠᠯᠠᠭᠳᠠᠬᠤ ᠴᠠᠭᠠᠵᠠ ᠠ᠋ᠴᠠ ᠠᠪᠤᠷᠠᠨ ᠭᠠᠷᠭᠠᠭᠰᠠᠨ ᠢ᠋ ᠮᠢᠨᠦ
ᠠᠶ᠎ᠠ ᠶᠠᠭᠤᠨ ᠳ᠋ᠤᠷ ᠤᠮᠠᠷᠲᠠᠵᠤ ᠠᠯᠤᠰ ᠳᠠᠢᠰᠤᠨ᠎ᠠ ᠨᠢᠭᠡᠳᠪᠡ ?
ᠠᠪᠴᠤ ᠢᠷᠡᠭᠡᠳ ᠠᠯᠠᠶ᠎ᠠ !
ᠬᠡᠮᠡᠭᠰᠡᠨ ᠳ᠋ᠦ᠍ᠷ ᠭᠡᠭᠡᠬᠡᠨ ᠪᠣᠳᠣᠯᠭᠠᠲᠤ ᠮᠤᠬᠤᠯᠢ ᠬᠡᠬᠦᠢᠵᠦ ᠮᠥᠷᠭᠥᠨ ᠮᠡᠳᠡᠭᠦᠯᠦᠷᠦᠨ :
ᠭᠡᠷᠡᠯ ᠲᠤᠶᠠᠭᠠᠲᠤ ᠡᠵᠡᠨ
ᠭᠡᠨᠡᠳᠲᠡ ᠶ᠋ᠢᠨ ᠬᠢᠯᠢᠩ ᠢ᠋ ᠲᠣᠬᠣᠷᠤᠭᠤᠯ
ᠭᠡᠨᠡᠳᠡᠭᠦᠯᠬᠦ ᠠᠷᠭ᠎ᠠ ᠪᠣᠯᠭᠤᠵᠠᠢ ᠂
ᠭᠡᠲᠡᠵᠦ ᠦᠨᠡᠨ ᠢ᠋ ᠣᠯᠤᠶ᠎ᠠ
ᠦᠨᠡᠬᠡᠷ ᠦᠨᠡᠨ ᠪᠣᠯᠪᠠᠰᠤ
ᠥᠪᠡᠷ᠎ᠡ ᠠᠷᠭ᠎ᠠ ᠪᠠᠷ ᠠᠪᠠᠴᠢᠶ᠎ᠠ ᠃
ᠦᠷᠭᠦᠭᠡᠨ ᠬᠥᠳᠡᠯᠭᠡᠬᠦ ᠪᠥᠭᠡᠰᠦ
ᠦᠭᠡ ᠦᠭᠡᠢ ᠬᠦᠯᠢᠶᠡᠰᠦᠭᠡᠢ ᠃
ᠠᠷᠭ᠎ᠠ ᠬᠡᠷᠡᠭᠯᠡᠭᠰᠡᠨ ᠪᠥᠭᠡᠰᠦ
ᠠᠷᠭ᠎ᠠ ᠳ᠋ᠤᠢ ᠠᠷᠭ᠎ᠠ ᠬᠡᠷᠡᠭᠯᠡᠶ᠎ᠡ
ᠠᠢᠳᠠᠩᠭᠤᠢ ᠬᠡᠷᠡᠭ ᠪᠥᠭᠡᠰᠦ
ᠠᠯᠭᠤᠷ ᠪᠠᠢᠵᠤ ᠮᠡᠳᠡᠶ᠎ᠡ !
ᠬᠡᠮᠡᠭᠡᠳ ᠮᠠᠯᠠᠭ᠎ᠠ ᠪᠠᠨ ᠠᠪᠴᠤ ᠮᠠᠭᠰᠢᠵᠤ ᠮᠥᠷᠭᠥᠭᠡᠳ ᠪᠦᠰᠡ ᠪᠡᠨ ᠪᠠᠷᠢᠵᠤ ᠪᠥᠬᠥᠢᠨ ᠰᠥᠭᠥᠳᠴᠦ ᠬᠣᠷᠮᠣᠢ ᠪᠠᠨ ᠬᠤᠷᠢᠶᠠᠵᠤ ᠬᠣᠶᠠᠷᠲᠠ ᠮᠥᠷᠭᠥᠵᠦ ᠂ ᠬᠣᠢᠰᠢ ᠤᠬᠤᠷᠢᠵᠤ ᠤᠷᠤᠭ᠍ᠰᠢ ᠲᠠᠪᠰᠢᠪᠠ ᠃
– – – –
① ᠡᠨᠡ ᠬᠥᠪᠡᠭᠦᠨ ᠦ᠌ ᠳᠠᠭᠤᠨ ᠤ᠋ ᠥᠩᠭᠡ ᠰᠠᠢᠬᠠᠨ ᠲᠤᠯᠠ ᠳ᠋ᠡᠷᠭᠢ ᠳᠠᠭᠤᠨ ᠬᠡᠮᠡᠪᠡᠢ ᠃
ᠲᠠᠢᠽᠦ ᠲᠡᠷᠡ ᠪᠠᠢᠳᠠᠯ ᠢ᠋ ᠦᠵᠡᠮᠡᠭᠴᠡ ᠲᠡᠮᠳᠡᠭᠲᠡᠶ᠎ᠡ ᠮᠠᠭᠤᠨ ᠠᠷᠭ᠎ᠠ ᠡᠷᠭᠦᠬᠦ ᠶ᠋ᠢ ᠮᠡᠳᠡᠭᠡᠳ ᠲᠡᠰᠬᠡᠯ ᠦᠭᠡᠢ ᠮᠦᠰᠢᠶᠡᠨ ᠢᠨᠢᠶᠡᠵᠦ ᠲᠡᠭᠰᠢ ᠰᠠᠢᠬᠠᠨ ᠪᠡᠶᠡᠰᠦᠨ ᠵᠠᠬᠢᠷᠤᠨ :
ᠲᠡᠭᠦᠰ ᠪᠣᠳᠣᠯᠭᠠᠲᠤ ᠮᠤᠬᠤᠯᠢ ᠵᠢᠨᠦᠩ ᠦ᠋ᠨ ᠲᠡᠮᠳᠡᠭ ᠢ᠋
ᠲᠡᠳᠭᠦᠮᠵᠢᠲᠦ ᠪᠢ ᠬᠡᠳᠦᠨ ᠬᠤᠪᠢ ᠤᠬᠠᠪᠠᠢ ᠂
ᠵᠢᠨᠦᠩ ᠮᠤᠬᠤᠯᠢ ᠶ᠋ᠢᠨ ᠮᠢᠨᠦ ᠵᠢᠯᠣᠭᠣᠳᠬᠤ ᠠᠷᠭ᠎ᠠ ᠶ᠋ᠢ
ᠵᠢᠪᠬᠤᠯᠠᠩᠲᠤ ᠪᠢ ᠬᠡᠳᠦᠨ ᠬᠤᠪᠢ ᠤᠬᠠᠪᠠᠢ ᠂
ᠵᠠᠶᠠᠭᠠᠲᠤ ᠤᠯᠤᠰ ᠤ᠋ᠨ ᠣᠯᠠᠨ ᠢ᠋ ᠵᠢᠯᠣᠭᠣᠳᠤᠨ ᠠᠪᠠᠴᠢᠬᠤ ᠶ᠋ᠢ
ᠵᠢᠨᠦᠩ ᠮᠢᠨᠦ ᠥᠪᠡᠷ ᠢ᠋ᠶ᠋ᠡᠨ ᠲᠣᠭᠲᠠᠭ᠎ᠠ !
ᠭᠡᠮᠡᠨ ᠵᠠᠬᠢᠭᠠᠳ ᠵᠢᠷᠭᠤᠭᠠᠨ ᠴᠠᠭᠠᠨ ᠵᠤᠯᠠ ᠬᠥᠳᠡᠯᠵᠦ ᠂ ᠵᠢᠷᠭᠠᠯᠠᠩᠲᠤ ᠣᠷᠳᠣᠨ ᠳ᠋ᠠᠭᠠᠨ ᠵᠠᠯᠠᠷᠠᠨ ᠪᠠᠭᠤᠪᠠᠢ ᠃ ᠲᠣᠷᠭᠠᠨ ᠰᠢᠷ᠎ᠠ ᠂ ᠮᠤᠬᠤᠯᠢ ᠬᠣᠶᠠᠭᠤᠯᠠ ᠵᠤᠯᠠ ᠪᠠᠷᠢᠭᠤᠯᠤᠨ ᠡᠭᠡᠬᠦ ᠵᠠᠮ ᠳ᠋ᠤᠷ ᠵᠠᠯᠮ᠎ᠠ ᠂ ᠵᠡᠪᠡ ᠬᠣᠶᠠᠭᠤᠯᠠ ᠤᠴᠠᠷᠠᠯᠳᠤᠵᠤ ᠂ ᠮᠡᠳᠡᠭᠦᠯᠦᠷᠦᠨ : 《ᠲᠡᠷᠢᠭᠦᠯᠡᠭᠴᠢ ᠠᠨᠳᠠ ᠂ ᠴᠡᠷᠢᠭ ᠦ᠋ᠨ ᠵᠢᠨᠦᠩ ᠬᠣᠶᠠᠭᠤᠯᠠ ᠶ᠋ᠢᠨ ᠲᠡᠮᠲᠡᠷᠢᠬᠦ ᠰᠥᠨᠢ ᠵᠥᠪᠯᠡᠷᠡ ᠣᠷᠣᠭᠰᠠᠨ ᠠᠨᠤ ᠯᠠᠪ ᠲᠡᠮᠳᠡᠭᠲᠡᠶ᠎ᠡ ᠴᠡᠷᠢᠭ ᠠᠶᠠᠨ ᠤ᠋ ᠬᠡᠷᠡᠭ ᠪᠣᠢ ᠂ ᠲᠡᠷᠢᠭᠦᠨ ᠲᠦᠭᠰᠢᠯᠲᠡᠢ ᠳ᠋ᠦ᠍ᠷ ᠪᠢᠳᠡ ᠬᠣᠶᠠᠭᠤᠯᠠ ᠶ᠋ᠢ ᠢᠯᠡᠭᠡ ᠂ ᠲᠡᠩᠬᠡᠭᠡ ᠶ᠋ᠢᠨ ᠬᠢᠷᠢ ᠪᠡᠷ ᠲᠡᠭᠦᠰ ᠭᠠᠪᠢᠶ᠎ᠠ ᠶ᠋ᠢ ᠪᠦᠲᠦᠭᠡᠵᠦ ᠂ ᠲᠡᠭᠷᠢ ᠡᠵᠡᠨ ᠢ᠋ᠶ᠋ᠡᠨ ᠲᠡᠭᠰᠢ ᠲᠥᠷᠥ ᠶ᠋ᠢ ᠪᠦᠲᠦᠭᠡᠶ᠎ᠡ !》 ᠬᠡᠮᠡᠭᠰᠡᠨ ᠳ᠋ᠦ᠍ᠷ ᠴᠡᠷᠢᠭ ᠦ᠋ᠨ ᠵᠢᠨᠦᠩ ᠦ᠋ᠨ ᠰᠡᠳᠬᠢᠯ ᠦ᠋ᠨ ᠠᠶ᠎ᠠ ᠪᠠᠷ ᠴᠢᠪᠬᠢᠲᠡᠯ᠎ᠡ ᠨᠡᠢᠴᠡᠵᠦ: 《ᠴᠢᠬᠤᠯᠠ ᠬᠡᠪᠴᠢᠶᠡᠨ ᠲᠡᠢ ᠭᠠᠵᠠᠷ ᠲᠤᠷ ᠴᠢᠬᠡᠴᠢ ᠠᠬᠠᠢ ᠨᠠᠷ ᠢ᠋ ᠢᠯᠡᠭᠡᠰᠦ ᠂ ᠴᠢᠳᠠᠯ ᠤ᠋ᠨ ᠴᠢᠨᠡᠭᠡ ᠪᠡᠷ ᠴᠢᠷᠮᠠᠢᠵᠤ ᠴᠢᠰᠤᠨ ᠭᠠᠪᠢᠶ᠎ᠠ ᠪᠠᠢᠭᠤᠯᠲᠤᠭᠠᠢ !》ᠭᠡᠮᠡᠨ ᠬᠣᠶᠠᠭᠤᠯᠠ ᠶ᠋ᠢᠨ ᠭᠠᠷ ᠠ᠋ᠴᠠ ᠪᠠᠷᠢᠨ ᠶᠠᠪᠤᠵᠤ ᠂ ᠬᠤᠳᠠᠯ ᠦᠨᠡᠨ ᠢ᠋ᠶ᠋ᠡᠷ ᠬᠣᠯᠢᠵᠤ ᠪᠠᠢᠯᠳᠤᠨ ᠂ ᠬᠣᠴᠢ ᠳᠡᠢᠯᠬᠦ ᠠᠷᠭ᠎ᠠ ᠶ᠋ᠢ ᠰᠤᠷᠭᠠᠵᠤ ᠂ ᠬᠣᠢᠰᠢ ᠰᠠᠯᠵᠤ ᠡᠴᠢᠪᠡ ᠃
ᠲᠡᠳᠦᠢ ᠮᠤᠬᠤᠯᠢ ᠪᠠᠭᠤᠳᠠᠯ ᠳ᠋ᠤᠷ ᠢ᠋ᠶ᠋ᠠᠨ ᠡᠭᠡᠮᠡᠭᠴᠡ ᠠᠷᠭᠠᠰᠤᠨ ᠤ᠋ ᠬᠣᠷᠭᠣᠯᠵᠢ ᠶ᠋ᠢ ᠳᠠᠭᠤᠳᠠᠵᠤ ᠂ ᠠᠯᠢᠪᠠ ᠤᠯᠤᠰ ᠢ᠋ ᠵᠠᠷᠯᠠᠵᠤ ᠂ ᠵᠠᠷ ᠵᠠᠬᠢᠶ᠎ᠠ ᠶ᠋ᠢ ᠵᠠᠬᠢᠨ ᠥᠭᠭᠦᠭᠡᠳ ᠠᠮᠠᠷᠠᠨ ᠬᠡᠪᠲᠡᠵᠦ ᠬᠠᠵᠠᠭᠤᠯᠠᠵᠤ ᠪᠠᠢᠲᠠᠯ᠎ᠠ ᠠᠯᠪᠠᠨ ᠤ᠋ ᠪᠦᠭᠦᠳᠡᠭᠡᠷ ᠲᠠᠷᠬᠠᠯᠴᠠᠵᠤ ᠠᠮ ᠰᠠᠮ ᠪᠣᠯᠤᠭᠰᠠᠨ ᠬᠣᠢᠨ᠎ᠠ ᠂ ᠠᠢᠯ ᠬᠣᠷᠣᠭ᠎ᠠ ᠶ᠋ᠢ ᠲᠤᠷᠰᠢᠬᠤ ᠠᠷᠢᠭᠤᠨ ᠳ᠋ᠠᠷᠬᠢ ᠳᠠᠭᠤᠨ ᠢᠷᠡᠵᠦ ᠠᠯᠭᠤᠷ ᠢ᠋ᠶ᠋ᠠᠷ ᠮᠡᠳᠡᠭᠦᠯᠦᠷᠦᠨ : 《ᠠᠯᠢᠪᠠ ᠴᠡᠷᠢᠭ ᠦ᠋ᠨ ᠮᠡᠳᠡᠭᠰᠡᠨ ᠢᠨᠦ ᠠᠨᠳᠠᠨ ᠴᠢᠩ ᠴᠠᠭᠳᠠᠭᠰᠠᠭᠠᠷ ᠂ ᠮᠥᠭᠥ ᠶ᠋ᠢᠨ ᠬᠤᠳᠠᠯᠳᠤᠭᠠᠴᠢᠨ ᠤ᠋ ᠬᠤᠯᠠᠭᠠᠢ ᠶ᠋ᠢ ᠪᠠᠷᠢᠪᠠ ᠬᠡᠮᠡᠯᠳᠦᠮᠦᠢ ᠢ᠋᠎ᠡ ᠃ ᠬᠡᠷᠡᠢᠳ ᠦ᠋ᠨ ᠡᠯᠴᠢ ᠭᠡᠮᠡᠨ ᠮᠡᠳᠡᠬᠦ ᠦᠭᠡᠢ ᠃》 ᠬᠡᠮᠡᠭᠰᠡᠨ ᠳ᠋ᠦ᠍ᠷ ᠮᠤᠬᠤᠯᠢ ᠪᠠᠶᠠᠷᠯᠠᠵᠤ ᠂ ᠳᠠᠷᠤᠢ ᠲᠡᠷᠡ ᠳ᠋ᠡᠷᠭᠢ ᠳᠠᠭᠤᠨ ᠬᠥᠪᠡᠭᠦᠨ ᠳ᠋ᠦ᠍ᠷ ᠨᠡᠯᠢᠶᠡᠳ ᠦᠭᠡ ᠰᠤᠷᠭᠠᠵᠤ ᠂ ᠰᠠᠶᠢ ᠲᠡᠮᠳᠡᠭ ᠵᠡᠪᠡ ᠥᠭᠴᠦ ᠮᠥᠭᠥ ᠬᠤᠳᠠᠯᠳᠤᠭᠠᠴᠢ ᠬᠤᠯᠠᠭᠠᠢ ᠶ᠋ᠢᠨ ᠮᠥᠷᠥ ᠳ᠋ᠦ᠍ᠷ ᠢᠯᠳᠦ ᠪᠡᠨ ᠲᠠᠯᠪᠢᠨ ᠠᠪᠤᠭᠤᠯᠤᠷ᠎ᠠ ᠢᠯᠡᠭᠡᠭᠰᠡᠨ ᠳ᠋ᠦ᠍ᠷ ᠡᠳᠡ ᠬᠣᠶᠠᠭᠤᠯᠠ ᠢᠯᠳᠦ ᠵᠡᠪᠡ ᠶ᠋ᠢ ᠦᠵᠡᠭᠡᠳ ᠶᠢᠰᠦᠨ ᠰᠦᠨᠡᠰᠦᠨ ᠵᠠᠪᠬᠠᠷᠠᠵᠤ ᠶᠡᠬᠡᠳᠡ ᠤᠬᠢᠯᠠᠨ ᠮᠥᠷᠭᠥᠬᠦᠢ ᠳ᠋ᠦ᠍ᠷ ᠳ᠋ᠡᠷᠬᠢ ᠬᠥᠪᠡᠭᠦᠨ ᠥᠭᠦᠯᠡᠷᠦᠨ : 《ᠳᠡᠭᠡᠳᠦ ᠵᠢᠨᠦᠩ ᠮᠢᠨᠦ ᠳᠡᠷᠭᠡᠳᠡ ᠪᠡᠨ ᠪᠠᠢᠬᠤ ᠨᠠᠳᠠ ᠳ᠋ᠤᠷ ᠳᠡᠮᠡᠢᠯᠡ ᠬᠠᠢᠷᠠᠲᠠᠢ ᠪᠥᠯᠥᠭᠡ ᠂ ᠲᠠᠮᠲᠤ ᠠᠭᠠᠰᠢ ᠲᠠᠨ ᠢ᠋ ᠳᠠᠮᠨᠠᠨ ᠭᠠᠷᠭᠠᠵᠤ ᠴᠢᠳᠠᠪᠠᠰᠤ᠂ ᠳᠡᠭᠡᠷᠡᠩᠭᠦᠢ ᠲᠠᠨ ᠤ᠋ ᠬᠣᠶᠠᠭᠤᠯᠠ ᠂ ᠳ᠋ᠡᠷᠭᠢ ᠮᠢᠨᠦ ᠠᠴᠢ ᠶ᠋ᠢ ᠳᠡᠯᠭᠡᠷᠡᠩᠭᠦᠢ ᠪᠡᠷ ᠬᠠᠷᠢᠭᠤᠯᠠᠨ ᠴᠢᠳᠠᠪᠠᠰᠤ ᠂ ᠳᠠᠮᠨᠠᠨ ᠲᠤᠰᠠᠯᠠᠵᠤ ᠦᠵᠡᠰᠦᠭᠡᠢ !》ᠬᠡᠮᠡᠭᠰᠡᠨ ᠳ᠋ᠦ᠍ᠷ ᠣᠯᠣᠩᠬᠤ᠂ ᠭᠣᠣᠷᠬᠢ ᠬᠣᠶᠠᠭᠤᠯᠠ ᠣᠪᠣᠩ ᠣᠪᠣᠩ ᠮᠥᠷᠭᠥᠵᠦ ᠮᠡᠳᠡᠭᠦᠯᠦᠷᠦᠨ : 《ᠠᠪᠤ ᠲᠦᠰᠢᠮᠡᠯ ᠂ ᠠᠮᠢᠨ ᠢ᠋ ᠮᠢᠨᠦ ᠠᠪᠤᠷᠠᠨ ᠭᠠᠷᠭᠠᠵᠤ ᠴᠢᠳᠠᠪᠠᠰᠤ ᠂ ᠠᠷᠳᠠ ᠂ ᠬᠤᠰᠠᠭᠤᠷ ᠂ ᠳᠡᠯᠵᠢᠲᠠᠢ ᠳ᠋ᠤᠷ ᠢᠯᠡᠭᠡᠭᠰᠡᠨ ᠠᠯᠲᠠᠨ ᠤ᠋ ᠵᠤᠷᠪᠤᠰ ᠬᠠᠪᠲᠠᠭᠠᠯ ᠠᠷᠠᠰᠤᠨ ᠭᠤᠲᠤᠯ ᠤ᠋ᠨ ᠤᠯᠠ ᠳ᠋ᠤᠷ ᠪᠣᠢ ᠂ ᠠᠴᠢ ᠬᠠᠷᠢᠭᠤᠯᠬᠤ ᠡᠳ᠋ ᠪᠣᠯᠲᠤᠭᠠᠢ !》ᠬᠡᠮᠡᠭᠰᠡᠨ ᠳ᠋ᠦ᠍ᠷ ᠳ᠋ᠡᠷᠭᠢ ᠳᠠᠭᠤᠨ ᠶᠡᠬᠡᠯ᠎ᠡ ᠪᠠᠶᠠᠷᠯᠠᠨ ᠳᠠᠷᠤᠢ ᠰᠤᠷᠭᠠᠨ ᠥᠭᠦᠯᠡᠷᠦᠨ : 《ᠲᠠ ᠵᠢᠨᠦᠩ ᠦ᠋ᠨ ᠡᠮᠦᠨ᠎ᠡ ᠬᠦᠷᠦᠭᠰᠡᠨ ᠴᠠᠭ ᠲᠤᠷ ᠬᠡᠯᠲᠦᠷᠢᠭᠦᠯᠦᠨ ᠥᠷᠥᠰᠢᠶᠡᠨ ᠭᠠᠷᠭᠠᠪᠠᠰᠤ᠂ ᠬᠡᠷᠡᠢᠳ ᠦ᠋ᠨ ᠳᠣᠲᠣᠭᠠᠳᠤ ᠲᠤᠷᠰᠢᠭᠤᠯ ᠪᠣᠯᠤᠶ᠎ᠠ ᠭᠡᠮᠡᠨ ᠰᠠᠢᠲᠤᠷ ᠪᠠᠲᠤᠯᠠᠵᠤ ᠬᠡᠯᠡᠲᠦᠭᠡᠢ ᠂ ᠲᠡᠷᠡ ᠦᠶ᠎ᠡ ᠳ᠋ᠦ᠍ᠷ ᠬᠠᠵᠠᠭᠤ ᠠ᠋ᠴᠠ ᠪᠢ ᠲᠤᠰᠠᠯᠠᠨ ᠭᠠᠷᠭᠠᠰᠤᠭᠠᠢ ! 》ᠬᠡᠮᠡᠭᠡᠳ ᠬᠣᠶᠠᠭᠤᠯᠠ ᠶ᠋ᠢ ᠬᠥᠲᠥᠯᠦᠨ ᠠᠪᠴᠤ ᠢᠷᠡᠪᠡᠰᠦ᠂ ᠵᠢᠨᠦᠩ ᠬᠡᠳᠦᠢᠨᠡᠢ ᠦᠷᠭᠦᠭᠡᠨ ᠦ᠌ ᠡᠭᠦᠳᠡᠨ ᠦ᠌ ᠭᠠᠳᠠᠨ᠎ᠠ ᠴᠢᠬᠢ ᠳ᠋ᠦ᠍ᠷ ᠬᠠᠳᠬᠤᠬᠤ ᠬᠣᠶᠠᠷ ᠪᠢᠴᠢᠬᠠᠨ ᠴᠠᠭᠠᠵᠠᠨ ᠤ᠋ ᠵᠡᠪᠡ ᠶ᠋ᠢ ᠪᠠᠷᠢᠵᠤ ᠬᠦᠯᠢᠶᠡᠮᠦᠢ ᠃ ᠲᠡᠳᠡ ᠬᠣᠶᠠᠭᠤᠯᠠ ᠶ᠋ᠢ ᠦᠵᠡᠭᠡᠳ ᠲᠡᠷᠡ ᠵᠡᠪᠡ ᠶ᠋ᠢ ᠳ᠋ᠠᠷᠭᠢ ᠬᠥᠪᠡᠭᠦᠨ ᠳ᠋ᠦ᠍ᠷ ᠥᠭᠴᠦ ᠵᠠᠬᠢᠷᠤᠨ : 《ᠡᠨᠡ ᠬᠣᠶᠠᠷ ᠵᠡᠪᠡ ᠶ᠋ᠢ ᠲᠡᠳᠡ ᠬᠣᠶᠠᠭᠤᠯᠠ ᠶ᠋ᠢᠨ ᠴᠢᠬᠢᠨ ᠦ᠌ ᠤᠭ ᠲᠤᠷ ᠬᠠᠳᠬᠤᠵᠤ ᠂ ᠬᠠᠭᠠᠯᠭᠠᠨ ᠤ᠋ ᠭᠠᠳᠠᠨ᠎ᠠ ᠴᠢᠷᠦᠨ ᠭᠠᠷᠭᠠᠵᠤ ᠴᠠᠪᠴᠢᠨ ᠠᠯᠠᠭᠠᠳ ᠲᠣᠯᠣᠭᠠᠢ ᠶ᠋ᠢ ᠡᠯᠭᠦᠵᠦ ᠤᠯᠤᠰ ᠲᠤᠷ ᠴᠡᠭᠡᠷᠯᠡᠯ ᠦᠵᠡᠭᠦᠯ !》ᠬᠡᠮᠡᠭᠰᠡᠨ ᠳ᠋ᠦ᠍ᠷ ᠣᠯᠣᠩᠬᠤ ᠭᠣᠣᠷᠬᠢ ᠬᠣᠶᠠᠭᠤᠯᠠ: 《ᠬᠠᠯᠠᠭᠤᠨ ᠠᠮᠢᠨ ᠢ᠋ ᠮᠢᠨᠦ ᠭᠡᠯᠳᠦᠷᠢᠭᠦᠯᠪᠡᠰᠦ ᠂ ᠬᠠᠷᠭᠢᠰ ᠬᠡᠷᠡᠢᠳ ᠦ᠋ᠨ ᠬᠠᠮᠤᠭ ᠮᠡᠳᠡᠭᠡ ᠶ᠋ᠢ ᠪᠠᠷᠢᠬᠤ ᠲᠤᠷᠰᠢᠭᠤᠯ ᠪᠣᠯᠰᠤᠭᠠᠢ ! 》ᠭᠡᠮᠡᠨ ᠠᠶᠤᠨ ᠴᠡᠴᠡᠷᠡᠨ ᠠᠮᠠᠨ ᠠᠯᠲᠠᠨ ᠲᠠᠩᠭᠠᠷᠢᠭ᠍ᠯᠠᠵᠤ ᠮᠥᠷᠭᠥᠬᠦᠢ ᠳ᠋ᠦ᠍ᠷ ᠬᠠᠵᠠᠭᠤ ᠠ᠋ᠴᠠ ᠳ᠋ᠠᠷᠭᠢ ᠳᠠᠭᠤᠨ ᠰᠥᠭᠥᠳᠴᠦ ᠮᠥᠷᠭᠥᠨ ᠮᠡᠳᠡᠭᠦᠯᠦᠷᠦᠨ : 《ᠬᠡᠷᠡᠭ ᠦᠭᠡᠢ ᠬᠡᠷᠡᠢᠳ ᠦ᠋ᠨ ᠬᠥᠮᠦᠨ ᠪᠤᠰᠤ ᠡᠭᠦᠨ ᠢ᠋ ᠠᠯᠠᠬᠤ ᠠ᠋ᠴᠠ ᠬᠡᠰᠢᠭ ᠬᠦᠷᠲᠡᠭᠡᠨ ᠠᠮᠢᠨ ᠢ᠋ ᠬᠡᠯᠲᠦᠷᠢᠭᠦᠯᠪᠡᠰᠦ ᠂ ᠬᠡᠪᠴᠢᠶᠡᠲᠦ ᠡᠨᠡ ᠴᠠᠭ ᠲᠤᠷ ᠬᠡᠷᠡᠭ ᠲᠦ᠍ᠷ ᠲᠤᠰᠠ ᠪᠣᠯᠬᠤ ᠴᠤ᠌ ᠶᠠᠭᠤᠨ ᠤ᠋ ᠮᠠᠭᠠᠳ ᠬᠡᠯᠬᠢᠶᠡᠲᠦ ᠡᠵᠡᠨ ᠵᠢᠨᠦᠩ ᠬᠡᠯᠲᠦᠷᠢᠭᠦᠯᠦᠨ ᠠᠪᠠᠴᠢᠵᠤ ᠲᠣᠭᠲᠠᠭᠠᠮᠤ ! 》ᠬᠡᠮᠡᠭᠰᠡᠨ ᠳ᠋ᠦ᠍ᠷ ᠮᠤᠬᠤᠯᠢ ᠪᠠᠬᠠᠨ ᠪᠣᠳᠣᠵᠤ ᠬᠠᠷᠢᠭᠤ ᠵᠠᠬᠢᠷᠤᠨ : 《ᠬᠡᠰᠢᠭ ᠦᠭᠡᠢ ᠡᠨᠡ ᠬᠣᠶᠠᠷ ᠴᠢᠳᠬᠥᠷ ᠲᠣᠷ ᠬᠡᠷᠡᠭ ᠲᠤᠰᠢᠶᠠᠵᠤ ᠬᠡᠷᠬᠢᠨ ᠪᠣᠯᠬᠤ ᠠᠵᠢ ? ᠬᠡᠷᠡᠭ ᠦᠭᠡᠢ ᠴᠢᠷᠦᠨ ᠠᠪᠠᠴᠢᠵᠤ ᠠᠯᠠᠭᠠᠳ ᠬᠡᠷᠴᠡᠭᠡᠢ ᠮᠠᠭᠤ ᠭᠡᠷᠡᠢ᠍ᠢᠳ ᠢ᠋ ᠵᠢᠴᠢ ᠰᠠᠶᠢ ᠪᠠᠢᠯᠳᠤᠶ᠎ᠠ ! 》 ᠬᠡᠮᠡᠬᠦᠢ ᠳ᠋ᠦ᠍ᠷ ᠳ᠋ᠡᠷᠭᠢ ᠬᠥᠪᠡᠭᠦᠨ ᠳᠠᠬᠢᠨ ᠮᠥᠷᠭᠥᠵᠦ ᠮᠡᠳᠡᠭᠦᠯᠦᠷᠦᠨ : 《ᠬᠡᠷᠡᠭ ᠦᠭᠡᠢ ᠪᠣᠯᠪᠠᠰᠤ ᠬᠡᠯᠲᠦᠷᠢᠭᠦᠯᠦᠨ ᠬᠡᠷᠡᠭᠯᠡᠵᠦ ᠦᠵᠡᠮᠦ ᠂ ᠬᠡᠰᠢᠭ ᠦᠭᠡᠢ ᠪᠣᠯᠪᠠᠴᠤ ᠬᠡᠪᠴᠢᠶᠡᠯᠡᠨ ᠵᠠᠷᠤᠴᠠᠯᠠᠬᠤᠢ ᠶ᠋ᠢ ᠭᠤᠶᠤᠮᠤᠢ ! 》 ᠬᠡᠮᠡᠭᠰᠡᠨ ᠳ᠋ᠦ᠍ᠷ ᠮᠤᠬᠤᠯᠢ ᠪᠠᠰᠠ ᠪᠠᠬᠠᠨ ᠪᠣᠳᠣᠵᠤ ᠥᠭᠦᠯᠡᠷᠦᠨ :《ᠲᠠᠨ ᠤ᠋ ᠬᠣᠶᠠᠭᠤᠯᠠ ᠶ᠋ᠢ ᠬᠡᠯᠲᠦᠷᠢᠭᠦᠯᠦᠨ ᠭᠠᠷᠭᠠᠪᠠᠰᠤ ᠬᠡᠷᠡᠭᠯᠡᠬᠦ ᠨᠢᠭᠡᠨ ᠥᠴᠦᠬᠡᠨ ᠭᠠᠵᠠᠷ ᠪᠣᠢ ᠂ ᠲᠠᠨ ᠤ᠋ ᠬᠣᠶᠠᠭᠤᠯᠠ ᠬᠢᠴᠢᠶᠡᠨ ᠶᠠᠪᠤᠵᠤ ᠴᠢᠳᠠᠮᠤᠢ ᠤᠤ ᠦᠭᠡᠢ ᠦᠦ ? 》ᠭᠡᠮᠡᠨ ᠠᠰᠠᠭᠤᠭᠰᠠᠨ ᠳ᠋ᠤᠷ ᠲᠡᠳᠡ ᠬᠣᠶᠠᠭᠤᠯᠠ ᠬᠥᠮᠦᠭᠡ ᠬᠣᠭᠣᠯᠠᠢ ᠪᠠᠨ ᠲᠠᠲᠠᠵᠤ ᠬᠥᠯᠪᠡᠷᠢᠨ ᠮᠥᠷᠭᠥᠵᠦ ᠮᠡᠳᠡᠭᠦᠯᠦᠷᠦᠨ : 《ᠠᠮᠢᠨ ᠢ᠋ ᠮᠢᠨᠦ ᠠᠪᠤᠷᠠᠵᠤ ᠪᠠᠢᠲᠠᠯ᠎ᠠ ᠠᠯᠠᠭᠠᠨ ᠳ᠋ᠤᠷ ᠪᠣᠯᠪᠠᠴᠤ ᠦᠯᠦ ᠣᠷᠣᠬᠤ ᠶᠣᠰᠣ ᠪᠣᠢ ᠤᠤ ? 》ᠭᠡᠮᠡᠨ ᠳᠠᠬᠢᠨ ᠳᠠᠪᠲᠠᠨ ᠲᠠᠩᠭᠠᠷᠢᠭᠯᠠᠨ ᠠᠮᠠᠯᠳᠠᠬᠤᠢ ᠳ᠋ᠤᠷ ᠮᠤᠬᠤᠯᠢ ᠥᠴᠦᠬᠡᠨ ᠢᠨᠢᠶᠡᠵᠦ ᠥᠷᠭᠥᠭᠡ ᠶ᠋ᠢᠨ ᠭᠠᠳᠠᠨ᠎ᠠ ᠪᠦᠬᠦᠢ ᠪᠠᠷᠰ ᠤ᠋ᠨ ᠠᠷᠠᠰᠤ ᠳᠡᠪᠢᠰᠦᠭᠰᠡᠨ ᠰᠠᠭᠤᠳᠠᠯ ᠳ᠋ᠤᠷ ᠰᠠᠭᠤᠵᠤ ᠥᠭᠦᠯᠡᠷᠦᠨ : 《ᠲᠡᠢᠮᠦ ᠪᠥᠭᠡᠰᠦ ᠲᠠ ᠡᠨᠡ ᠪᠢᠴᠢᠭ ᠢ᠋ ᠳᠡᠪᠡᠯ ᠦ᠋ᠨ ᠡᠩᠭᠡᠷ ᠲᠣᠷ ᠬᠢᠵᠦ ᠠᠪᠠᠴᠢᠵᠤ ᠥᠭᠭᠦᠭᠡᠳ ᠬᠠᠷᠢᠭᠤ ᠪᠢᠴᠢᠭ ᠢ᠋ ᠣᠯᠪᠠᠰᠤ ᠪᠠᠰᠠ ᠰᠥᠨᠢ ᠪᠡᠷ ᠨᠠᠳᠠ ᠳ᠋ᠤᠷ ᠠᠪᠴᠤ ᠢᠷ᠎ᠡ ᠂ ᠡᠳ᠋ ᠲᠠᠸᠠᠷ ᠪᠡᠯᠡᠭ ᠦ᠋ᠨ ᠵᠦᠢᠯ ᠢ᠋ ᠳᠠᠷᠠᠭ᠎ᠠ ᠪᠠᠷ ᠬᠦᠷᠭᠡᠮᠦᠢ ᠭᠡᠮᠡᠨ ᠬᠠᠯᠠᠨ ᠪᠢᠴᠢᠪᠡ ᠃ ᠲᠡᠷᠡ ᠲᠠᠨ ᠳ᠋ᠤᠷ ᠪᠠᠢᠴᠠᠭᠠᠬᠤ ᠦᠭᠡ ᠦᠭᠡᠢ ᠂ ᠲᠠᠨ ᠢ᠋ ᠡᠭᠡᠵᠦ ᠢᠷᠡᠭᠰᠡᠨ ᠬᠣᠢᠨ᠎ᠠ ᠂ ᠳᠠᠬᠢᠨ ᠡᠭᠡᠵᠦ ᠡᠴᠢᠪᠡᠰᠦ ᠬᠡᠯᠡᠬᠦ ᠦᠭᠡ ᠶ᠋ᠢ ᠴᠢᠨᠦ ᠵᠢᠭᠠᠵᠤ ᠥᠭᠰᠦᠭᠡᠢ ᠂ ᠲᠠ ᠬᠡᠷᠪᠡ ᠤᠷᠭᠤᠵᠤ ᠬᠠᠷᠢᠪᠠᠰᠤ ᠯᠠᠪ ᠬᠡᠷᠡᠭ ᠢ᠋ ᠵᠠᠳᠠᠷᠠᠭᠤᠯᠪᠠ ᠭᠡᠮᠡᠨ ᠥᠪᠡᠷ ᠦ᠋ᠨ ᠡᠵᠡᠨ ᠳ᠋ᠡᠭᠡᠨ ᠠᠯᠠᠭᠳᠠᠬᠤ ᠪᠣᠯᠠᠢ ᠃ ᠲᠡᠢᠨ ᠬᠦ᠌ ᠪᠢ ᠪᠠᠰᠠ ᠲᠠᠨ ᠳ᠋ᠤᠷ ᠠᠮᠢᠳᠤᠷᠠᠬᠤ ᠰᠠᠢᠨ ᠠᠷᠭ᠎ᠠ ᠶ᠋ᠢ ᠵᠢᠭᠠᠵᠤ ᠥᠭᠬᠦ ᠬᠡᠷᠡᠭᠲᠡᠢ ᠂ ᠡᠨᠡ ᠨᠢᠭᠡᠨ ᠥᠴᠦᠬᠡᠨ ᠬᠡᠷᠡᠭ ᠲᠦ᠍ᠷ ᠵᠠᠷᠤᠴᠠᠯᠠᠨ ᠦᠵᠡᠰᠦᠭᠡᠢ ᠂ ᠦᠨᠡᠬᠡᠷ ᠦᠨᠡᠨᠴᠢ ᠪᠣᠯᠪᠠᠰᠤ ᠵᠢᠴᠢ ᠰᠠᠢᠨ ᠭᠠᠵᠠᠷ ᠬᠡᠷᠡᠭᠯᠡᠵᠦ ᠡᠭᠡᠭᠦᠯᠦᠶᠡ ! 》ᠭᠡᠮᠡᠨ ᠠᠪᠠᠴᠢᠵᠤ ᠬᠣᠷᠢᠭᠠᠳ ᠳ᠋ᠠᠷᠭᠢ ᠬᠥᠪᠡᠭᠦᠨ ᠰᠠᠬᠢᠵᠤ ᠂ ᠮᠥᠨ ᠰᠥᠨᠢ ᠠᠯᠳᠠᠪᠠ ᠭᠡᠮᠡᠨ ᠠᠯᠳᠠᠷᠰᠢᠭᠤᠯᠪᠠ ᠃ ᠳ᠋ᠠᠷᠭᠢ ᠬᠥᠪᠡᠭᠦᠨ ᠢ᠋ ᠳᠥᠷᠪᠡᠨ ᠬᠣᠨᠢ ᠪᠠᠷ ᠲᠣᠷᠭᠠᠪᠠ ᠃
ᠲᠡᠨᠳᠡᠴᠡ ᠣᠯᠣᠩᠬᠤ ᠂ ᠭᠣᠣᠷᠬᠢ ᠬᠣᠶᠠᠭᠤᠯᠠ ᠡᠯᠢᠭᠡ ᠵᠢᠷᠦᠬᠡ ᠬᠡᠮᠬᠡᠷᠡᠲᠡᠯ᠎ᠡ ᠠᠶᠤᠭᠰᠠᠭᠠᠷ ᠡᠳᠡᠭᠡᠷ ᠠᠷᠭ᠎ᠠ ᠪᠠᠷ ᠶᠠᠪᠤᠵᠤ᠂ ᠬᠠᠷᠢᠭᠤ ᠪᠢᠴᠢᠭ ᠢ᠋ ᠣᠯᠤᠭᠰᠠᠨ ᠬᠣᠢᠨ᠎ᠠ ᠣᠯᠣᠩᠬᠤ ᠬᠠᠷᠢᠨ ᠤᠷᠭᠤᠵᠤ ᠬᠠᠷᠢᠰᠤᠭᠠᠢ ᠬᠡᠮᠡᠬᠦᠢ ᠳ᠋ᠦ᠍ᠷ ᠭᠣᠣᠷᠬᠢ ᠠᠨᠤ ᠥᠭᠦᠯᠡᠷᠦᠨ : 《ᠪᠣᠯᠬᠤ ᠦᠭᠡᠢ ᠂ ᠬᠠᠷᠢᠪᠠᠰᠤ ᠶᠠᠭᠤᠨ ᠭᠡᠮᠡᠨ ᠬᠡᠯᠡᠮᠦᠢ ? ᠲᠡᠳᠡ ᠭᠤᠷᠪᠠᠭᠤᠯᠠ ᠶ᠋ᠢᠨ ᠬᠠᠷᠢᠭᠤ ᠪᠢᠴᠢᠭ ᠲᠣᠷ ᠡᠳ᠋ ᠪᠡᠯᠡᠭ ᠢ᠋ ᠦᠯᠦ ᠬᠡᠯᠡᠬᠦ ᠶᠣᠰᠣ ᠪᠣᠢ ᠤᠤ ? ᠪᠢᠳᠡ ᠬᠡᠷᠬᠢᠪᠡᠴᠦ ᠠᠯᠠᠭᠳᠠᠮᠤᠢ ᠃ ᠲᠡᠨᠳᠡ ᠡᠴᠢᠵᠦ ᠠᠯᠠᠭᠳᠠᠬᠤ ᠠ᠋ᠴᠠ ᠡᠨᠳᠡ ᠠᠮᠢᠳᠤᠷᠠᠯ ᠢ᠋ ᠡᠷᠢᠵᠦ ᠦᠵᠡᠰᠦᠭᠡᠢ ᠃ 》ᠭᠡᠮᠡᠨ ᠡᠭᠡᠵᠦ ᠮᠤᠬᠤᠯᠢ ᠶ᠋ᠢᠨ ᠳᠣᠣᠷ᠎ᠠ ᠢᠷᠡᠵᠦ ᠡᠳᠡᠭᠡᠷ ᠪᠢᠴᠢᠭ ᠦ᠋ᠳ ᠢ᠋ᠶ᠋ᠡᠨ ᠡᠷᠭᠦᠨ ᠪᠠᠷᠢᠭ᠍ᠰᠠᠨ ᠳ᠋ᠤᠷ ᠮᠤᠬᠤᠯᠢ ᠠᠪᠴᠤ ᠦᠵᠡᠪᠡᠰᠦ ᠠᠷᠲᠠ ᠨᠠᠷ ᠳᠣᠲᠣᠷ᠎ᠠ ᠠ᠋ᠴᠠ ᠲᠤᠰᠠᠯᠠᠶ᠎ᠠ ᠬᠡᠮᠡᠭᠰᠡᠨ ᠪᠢᠴᠢᠭ ᠲᠤᠯᠠ ᠲᠡᠳᠡ ᠬᠣᠶᠠᠭᠤᠯᠠ ᠶ᠋ᠢ ᠦᠭᠡ ᠯᠦ᠍ᠭᠡ ᠪᠡᠨ ᠨᠡᠢᠴᠡᠪᠡ ᠭᠡᠮᠡᠨ ᠰᠠᠢᠰᠢᠶᠠᠨ ᠬᠦᠨᠳᠦ ᠱᠠᠩ ᠬᠤᠷᠢᠮ ᠥᠭᠴᠦ ᠲᠡᠭᠦᠨ ᠦ᠌ ᠠᠪᠴᠢᠷᠠᠭᠰᠠᠨ ᠮᠥᠩᠭᠥ ᠪᠠ ᠵᠠᠬ᠎ᠠ ᠶ᠋ᠢ ᠮᠥᠨ ᠲᠡᠳᠡ ᠬᠣᠶᠠᠭᠤᠯᠠ ᠳ᠋ᠤᠷ ᠡᠭᠡᠭᠦᠯᠦᠨ ᠱᠠᠩᠨᠠᠨ ᠥᠭᠴᠦ ᠪᠢᠴᠢᠭ ᠢ᠋ ᠢᠨᠦ ᠪᠠᠰᠠ ᠬᠠᠯᠠᠵᠤ᠂ ᠪᠠᠰᠠ ᠲᠥᠯᠥᠭᠡᠯᠡᠨ ᠬᠠᠷᠢᠭᠤ ᠪᠡᠯᠡᠭ ᠪᠡᠯᠡᠳᠴᠦ ᠲᠤᠰᠢᠶᠠᠭᠠᠳ ᠰᠤᠷᠭᠠᠨ ᠥᠭᠦᠯᠡᠷᠦᠨ : 《ᠲᠠ ᠬᠣᠶᠠᠭᠤᠯᠠ ᠬᠡᠷᠪᠡ ᠬᠡᠷᠡᠭ ᠰᠡᠷᠡᠭᠳᠡᠭᠰᠡᠨ ᠢ᠋ᠶ᠋ᠡᠨ ᠮᠡᠳᠡᠭᠳᠡᠪᠡᠰᠦ᠂ ᠰᠢᠭᠤᠳ ᠠᠯᠠᠭᠳᠠᠬᠤ ᠪᠣᠯᠠᠢ ᠂ ᠮᠢᠨᠦ ᠦᠭᠡ ᠡᠴᠡ ᠬᠡᠷᠬᠢᠪᠡᠴᠦ ᠪᠢᠲᠡᠭᠡᠢ ᠳᠠᠪᠬᠠᠲᠤᠨ᠃ 》ᠬᠡᠮᠡᠭᠰᠡᠨ ᠳ᠋ᠦ᠍ᠷ ᠣᠯᠣᠩᠬᠤ ᠭᠣᠣᠷᠬᠢ ᠬᠣᠶᠠᠭᠤᠯᠠ ᠮᠤᠬᠤᠯᠢ ᠶ᠋ᠢᠨ ᠡᠨᠡ ᠮᠡᠲᠦ ᠪᠠᠲᠤ ᠢᠲᠡᠭᠡᠮᠵᠢᠲᠡᠢ ᠪᠥᠭᠡᠳ ᠪᠠᠰᠠ ᠡᠨᠡ ᠮᠡᠲᠦ ᠥᠭᠯᠢᠭᠡ ᠬᠡᠰᠡᠭ ᠲᠡᠢ ᠶ᠋ᠢ ᠦᠵᠡᠭᠡᠳ ᠤᠷᠢᠳᠠ ᠰᠦᠷ ᠡᠴᠡ ᠠᠶᠤᠵᠤ ᠳᠠᠭᠠᠯᠳᠤᠭ᠎ᠠ ᠬᠡᠰᠢᠭ ᠢ᠋ ᠢᠨᠤ ᠰᠢᠲᠦᠨ᠂ ᠡᠳᠦᠭᠡ ᠪᠠᠲᠤ ᠳ᠋ᠤᠷ ᠠᠨᠤ ᠰᠡᠳᠬᠢᠯ ᠭᠡᠨᠡᠳᠲᠡ ᠢᠭᠲᠦᠯᠦᠨ ᠬᠥᠳᠡᠯᠵᠦ ᠂ ᠳᠠᠷᠤᠢ ᠣᠷᠣᠵᠤ ᠳᠠᠭᠠᠰᠤᠭᠠᠢ ᠭᠡᠮᠡᠨ ᠭᠤᠶᠤᠨ ᠮᠡᠳᠡᠭᠦᠯᠵᠦ ᠂ ᠨᠢᠳᠦᠨ ᠦ᠌ ᠨᠢᠯᠪᠤᠰᠤᠨ ᠤᠨᠠᠭᠠᠭᠠᠳ ᠤᠬᠢᠯᠠᠨ ᠳᠠᠭᠠᠰᠤᠭᠠᠢ ᠬᠡᠮᠡᠬᠦᠢ ᠳ᠋ᠦ᠍ᠷ ᠮᠤᠬᠤᠯᠢ ᠪᠠᠰᠠ ᠥᠴᠦᠬᠡᠨ ᠢᠨᠢᠶᠡᠵᠦ ᠥᠭᠦᠯᠡᠷᠦᠨ : 《ᠲᠡᠷᠡ ᠬᠡᠷᠡᠭ ᠦᠯᠦ ᠪᠣᠯᠬᠤ ᠂ ᠲᠠᠨ ᠤ᠋ ᠡᠴᠢᠭᠡ ᠡᠬᠡ ᠂ ᠠᠬ᠎ᠠ ᠳᠡᠭᠦᠦ ᠂ ᠡᠮ᠎ᠡ ᠦᠷ᠎ᠡ ᠴᠥᠮ ᠬᠡᠷᠡᠢᠳ ᠲᠣᠷ ᠪᠣᠢ ᠲᠤᠯᠠ ᠲᠡᠳᠡᠨ ᠳ᠋ᠦ᠍ᠷ ᠵᠣᠪᠠᠯᠠᠩ ᠪᠣᠯᠬᠤ ᠦᠭᠡᠢ ᠦᠦ ? ᠡᠷ᠎ᠡ ᠬᠥᠮᠦᠨ ᠪᠣᠯᠵᠤ ᠲᠥᠷᠥᠭᠡᠳ ᠡᠮ᠎ᠡ ᠬᠡᠦᠬᠡᠳ ᠢ᠋ᠶ᠋ᠡᠨ ᠴᠦ᠍ ᠬᠠᠮᠠᠭᠠᠯᠠᠨ ᠦᠯᠦ ᠴᠢᠳᠠᠬᠤ ᠪᠠᠷ ᠦᠯᠦ ᠪᠠᠷᠠᠨ ᠂ ᠭᠡᠳᠡᠷᠭᠦ ᠵᠣᠪᠠᠯᠠᠩ ᠪᠣᠯᠭᠠᠬᠤ ᠪᠠᠷ ᠶᠠᠪᠤᠵᠤ ᠪᠣᠯᠬᠤ ᠤᠤ ? ᠳᠠᠭᠠᠰᠤᠭᠠᠢ ᠬᠡᠮᠡᠪᠡᠰᠦ ᠰᠡᠳᠬᠢᠯ ᠡᠴᠡ ᠳᠠᠭᠠᠪᠠᠰᠤ ᠰᠠᠶᠢ ᠳᠠᠭᠠᠭᠰᠠᠨ ᠪᠣᠢ ᠢ᠋᠎ᠡ ᠂ ᠪᠡᠶ᠎ᠡ ᠶ᠋ᠢᠨ ᠲᠡᠳᠦᠢ ᠡᠨᠳᠡ ᠪᠠᠢᠭᠰᠠᠨ ᠢ᠋ᠶ᠋ᠠᠷ ᠶᠠᠭᠤᠨ ᠪᠣᠯᠬᠤ ? ᠦᠨᠡᠬᠡᠷ ᠲᠡᠢᠮᠦ ᠵᠢᠷᠤᠮᠲᠤ ᠰᠠᠨᠠᠭᠠᠨ ᠪᠠᠢᠪᠠᠰᠤ ᠬᠡᠷᠡᠢᠳ ᠲᠣᠷ ᠢ᠋ᠶ᠋ᠠᠨ ᠡᠭᠡᠵᠦ ᠬᠡᠪᠴᠢᠶᠡᠲᠦ ᠦᠢᠯᠡ ᠳ᠋ᠦ᠍ᠷ ᠮᠡᠳᠡᠭᠡ ᠪᠠᠷᠢᠪᠠᠰᠤ ᠳᠠᠷᠤᠢ ᠶᠡᠬᠡ ᠭᠠᠪᠢᠶ᠎ᠠ ᠪᠣᠯᠠᠢ ᠃ ᠲᠡᠷᠡ ᠦᠶ᠎ᠡ ᠳ᠋ᠦ᠍ᠷ ᠣᠢᠷ᠎ᠠ ᠬᠣᠯᠠ ᠲᠥᠷᠥᠯ ᠲᠥᠷᠥᠭᠰᠡᠨ ᠨᠡᠢᠲᠡ ᠪᠡᠷ ᠲᠣᠰᠣ ᠲᠣᠷᠭ᠎ᠠ ᠪᠠᠷ ᠪᠠᠶᠠᠨ ᠡᠷᠬᠢᠮ ᠢ᠋ ᠡᠳ᠋ᠯᠡᠬᠦ ᠪᠣᠯᠠᠢ ! 》ᠬᠡᠮᠡᠭᠰᠡᠨ ᠳ᠋ᠦ᠍ᠷ ᠣᠯᠣᠩᠬᠤ ᠭᠣᠣᠷᠬᠢ ᠰᠦᠰᠦᠭᠯᠡᠨ ᠮᠥᠷᠭᠥᠵᠦ ᠂ ᠰᠢᠲᠦᠨ ᠢ᠋ᠶ᠋ᠠᠷ ᠢ᠋ᠶ᠋ᠠᠨ ᠡᠷᠡᠬᠡᠢ ᠬᠤᠷᠤᠭᠤ ᠪᠠᠨ ᠬᠠᠵᠠᠵᠤ ᠴᠢᠰᠤ ᠭᠠᠷᠭᠠᠨ ᠰᠠᠴᠤᠵᠤ ᠲᠠᠩᠭᠠᠷᠢᠭ᠍ᠯᠠᠨ ᠮᠥᠷᠭᠥᠵᠦ ᠤᠬᠢᠯᠠᠨ ᠳᠠᠭᠠᠭᠠᠳ ᠰᠥᠨᠢ ᠪᠡᠷ ᠡᠭᠡᠵᠦ ᠳᠣᠪᠲᠣᠯᠤᠨ ᠬᠠᠷᠢᠪᠠᠢ ᠃ ᠡᠨᠡ ᠦᠨᠡᠬᠡᠷ :
ᠰᠦᠷ ᠬᠡᠰᠢᠭ ᠢ᠋ ᠲᠡᠩᠴᠡᠭᠦᠯᠦᠨ ᠬᠡᠷᠡᠭᠯᠡᠵᠦ ᠴᠢᠳᠠᠭᠴᠢ ᠮᠡᠷᠭᠡᠳ ᠰᠠᠢᠳ ᠬᠡᠮᠡᠭᠴᠢ
ᠰᠦᠬᠡ ᠢᠯᠳᠦ ᠶ᠋ᠢ ᠴᠦ᠍ ᠬᠠᠢᠯᠤᠭᠤᠯᠤᠨ ᠤᠶᠠᠷᠠᠭᠤᠯᠵᠤ ᠰᠦᠰᠦᠭ ᠪᠢᠰᠢᠷᠡᠯ ᠲᠥᠷᠥᠭᠦᠯᠦᠮᠦᠢ ᠃
ᠵᠢᠴᠢ ᠥᠭᠦᠯᠡᠬᠦ ᠢᠨᠤ ᠂ ᠳᠠᠷᠠᠭ᠎ᠠ ᠥᠷᠯᠥᠭᠡ ᠮᠤᠬᠤᠯᠢ ᠶᠡᠬᠡᠯ᠎ᠡ ᠶᠠᠭᠠᠷᠠᠵᠤ ᠂ ᠬᠠᠮᠤᠭ ᠤᠯᠤᠰ ᠪᠦᠭᠦᠳᠡᠭᠡᠷ ᠪᠠᠷᠠᠭᠤᠨ ᠵᠦᠭ ᠦ᠋ᠨ ᠭᠤᠷᠪᠠᠨ ᠵᠠᠭᠤᠨ ᠭᠠᠵᠠᠷ ᠤ᠋ᠨ ᠦᠵᠦᠭᠦᠷ᠎ᠡ ᠪᠦᠬᠦᠢ ᠳᠡᠰ ᠨᠡᠷᠡᠲᠦ ᠠᠭᠤᠯᠠᠨ ᠤ᠋ ᠶᠡᠬᠡ ᠭᠣᠣᠯ ᠳ᠋ᠤᠷ ᠨᠡᠭᠦᠬᠦᠢ ᠳ᠋ᠦ᠍ᠷ ᠣᠯᠠᠨ ᠲᠦᠰᠢᠮᠡᠳ ᠬᠡᠳᠦᠢ ᠠᠶᠤᠨ ᠬᠣᠷᠢᠭ᠍ᠯᠠᠬᠤ ᠦᠭᠡᠢ ᠪᠣᠯᠪᠠᠴᠤ ᠳᠠᠯᠳᠠ ᠭᠠᠵᠠᠷ ᠪᠦᠭᠦᠳᠡᠭᠡᠷ ᠬᠥᠯ ᠳᠡᠪᠰᠡᠨ ᠭᠠᠰᠢᠭᠤᠳᠠᠯᠴᠠᠨ ᠥᠭᠦᠯᠡᠯᠳᠦᠷᠦᠨ : 《ᠮᠠᠨ ᠤ᠋ ᠡᠵᠡᠨ ᠵᠢᠨᠦᠩ ᠡᠨᠡ ᠤᠳᠠᠭ᠎ᠠ ᠶᠠᠭᠤᠨ ᠳ᠋ᠤᠷ ᠡᠢᠮᠦ ᠤᠤᠯᠢᠬᠠᠢ ᠶ᠋ᠢ ᠡᠭᠦᠰᠬᠡᠪᠡ ? ᠲᠡᠷᠡ ᠨᠢᠭᠡᠨ ᠬᠡᠷᠡᠢᠳ ᠳᠣᠯᠣᠭᠠᠨ ᠲᠦᠮᠡᠨ ᠴᠡᠷᠢᠭ ᠦ᠋ᠨ ᠢᠷᠡᠬᠦ ᠡᠴᠡ ᠲᠡᠷᠡ ᠮᠡᠲᠦ ᠨᠤᠲᠤᠭ ᠨᠡᠭᠦᠯᠭᠡᠬᠦᠢ ᠳ᠋ᠦ᠍ᠷ ᠭᠥᠷᠦᠭᠦᠯᠪᠡᠰᠦ ᠂ ᠬᠣᠢᠴᠢ ᠡᠳᠦᠷ ᠬᠡᠷᠪᠡ ᠬᠣᠷᠢᠨ ᠲᠦᠮᠡᠨ ᠴᠡᠷᠢᠭ ᠢᠷᠡᠬᠦ ᠪᠥᠭᠡᠰᠦ ᠣᠳᠣ ᠶᠠᠭᠤᠨ ᠢ᠋ ᠨᠡᠭᠦᠯᠭᠡᠨ ᠳᠤᠲᠠᠭᠠᠮᠤᠢ ?》ᠬᠡᠮᠡᠯᠳᠦᠨ ᠭᠠᠰᠠᠯᠤᠯᠴᠠᠭᠰᠠᠨ ᠢ᠋ ᠵᠢᠨᠦᠩ ᠮᠤᠬᠤᠯᠢ ᠲᠡᠩᠰᠡᠭᠦᠯ ᠶᠠᠪᠤᠬᠤ ᠳ᠋ᠠᠷᠭᠢ ᠬᠥᠪᠡᠭᠦᠨ ᠡᠴᠡ ᠪᠡᠨ ᠣᠯᠵᠤ ᠰᠣᠨᠣᠰᠤᠭᠠᠳ ᠶᠡᠬᠡᠯ᠎ᠡ ᠪᠠᠶᠠᠷᠯᠠᠵᠤ ᠶᠠᠭᠠᠷᠠᠨ ᠶᠡᠬᠡ ᠬᠡᠩᠭᠡᠷᠭᠡ ᠴᠣᠬᠢᠭᠤᠯᠵᠤ ᠂ ᠣᠯᠠᠨ ᠵᠠᠩᠵᠤᠨ ᠢ᠋ ᠴᠤᠭᠯᠠᠭᠤᠯᠤᠨ ᠬᠡᠷᠡᠢᠳ ᠯᠦ᠍ᠭᠡ ᠲᠤᠯᠬᠤ ᠪᠠ ᠳᠤᠲᠠᠭᠠᠬᠤ ᠶ᠋ᠢ ᠵᠥᠪᠳᠡᠨ ᠠᠰᠠᠭᠤᠪᠠᠰᠤ ᠂ ᠪᠦᠭᠦᠳᠡᠭᠡᠷ ᠭᠠᠷ ᠨᠤᠬᠤᠯᠬᠢᠯᠠᠨ ᠬᠥᠯ ᠳᠡᠪᠰᠡᠵᠦ ᠮᠡᠳᠡᠭᠦᠯᠦᠷᠦᠨ : 《ᠮᠠᠨ ᠤ᠋ ᠪᠸᠲ᠋ᠠ᠋ ᠤᠯᠤᠰ ᠤ᠋ᠨ ᠡᠵᠡᠨ ᠲᠦᠰᠢᠮᠡᠯ ᠬᠠᠮᠲᠤ ᠴᠤᠭᠯᠠᠵᠤ ᠂ ᠤᠯᠤᠰ ᠲᠥᠷᠥ ᠮᠠᠨᠳᠤᠭᠰᠠᠨ ᠠ᠋ᠴᠠ ᠢᠨᠠᠭ᠍ᠰᠢ ᠂ ᠳᠡᠭᠡᠭᠰᠢᠳᠡ ᠡᠵᠡᠨ ᠦ᠌ ᠶᠡᠬᠡ ᠪᠤᠶᠠᠨ ᠰᠦᠷ ᠂ ᠢᠨᠠᠭᠰᠢᠳᠠ ᠵᠢᠨᠦᠩ ᠦ᠋ᠨ ᠪᠣᠳᠣᠯᠭ᠎ᠠ ᠤᠬᠠᠭᠠᠨ ᠳ᠋ᠤᠷ ᠢᠲᠡᠭᠡᠵᠦ ᠂ ᠬᠡᠳᠦᠢᠴᠢᠨᠡᠭᠡᠨ ᠤᠳᠠᠭ᠎ᠠ ᠶᠡᠬᠡ ᠳᠠᠢᠰᠤᠨ᠎ᠠ ᠲᠤᠯᠤᠨ ᠪᠠᠢᠯᠳᠤᠲᠠᠯᠠ ᠤᠳᠠᠭ᠎ᠠ ᠳᠠᠷᠠᠭ᠎ᠠ ᠲᠠᠢᠯᠵᠤ ᠂ ᠨᠢᠭᠡᠬᠡᠨ ᠴᠦ᠍ ᠤᠳᠠᠭ᠎ᠠ ᠨᠡᠭᠦᠳᠡᠯ ᠪᠠᠭᠤᠳᠠᠯ ᠳᠡᠪᠰᠢᠭᠦᠯᠦᠭᠰᠡᠨ ᠦᠭᠡᠢ ᠪᠥᠭᠡᠲᠡᠯ᠎ᠡ ᠡᠨᠡ ᠤᠳᠠᠭ᠎ᠠ ᠭᠡᠨᠡᠳᠲᠡ ᠡᠢᠨ ᠬᠦ᠌ ᠳᠤᠲᠠᠭᠠᠪᠠᠰᠤ ᠂ ᠤᠷᠢᠳᠠ ᠶ᠋ᠢᠨ ᠲᠡᠳᠦᠢᠴᠢᠨᠡᠭᠡᠨ ᠵᠢᠯ ᠦ᠋ᠨ ᠪᠠᠭᠠᠲᠤᠷ ᠨᠡᠷ᠎ᠡ ᠴᠥᠮ ᠪᠠᠷᠠᠬᠤ ᠪᠥᠭᠡᠳ ᠵᠠᠩᠵᠤᠨ ᠴᠡᠷᠢᠭ ᠦ᠋ᠨ ᠰᠡᠳᠬᠢᠯ ᠮᠥᠨ ᠲᠦᠪᠳᠡᠬᠦ ᠦᠭᠡᠢ ᠪᠣᠯᠬᠤ ᠮᠡᠲᠦ ! 》ᠬᠡᠮᠡᠭᠰᠡᠨ ᠳ᠋ᠦ᠍ᠷ ᠮᠤᠬᠤᠯᠢ ᠢᠨᠢᠶᠡᠵᠦ ᠥᠭᠦᠯᠡᠷᠦᠨ : 《ᠶᠡᠷᠦ ᠶ᠋ᠢᠨ ᠦᠭᠡᠨ ᠳ᠋ᠦ᠍ < ᠠᠶᠤᠪᠠᠰᠤ ᠠᠮᠢᠨ ᠳ᠋ᠤᠷ ᠲᠤᠰᠠᠲᠠᠢ ᠂ ᠵᠠᠢᠯᠠᠪᠠᠰᠤ ᠵᠠᠮ ᠦᠯᠡᠮᠵᠢ > ᠬᠡᠮᠡᠭᠰᠡᠨ ᠢ᠋ ᠡᠰᠡ ᠰᠣᠨᠣᠰᠪᠠᠤ ? ᠡᠳᠦᠭᠡ ᠬᠣᠯᠠᠳᠠᠬᠢ ᠶᠡᠬᠡ ᠴᠡᠷᠢᠭ ᠢ᠋ ᠨᠢᠭᠡᠨᠲᠡ ᠵᠠᠷᠯᠠᠵᠤ ᠵᠠᠪᠳᠤᠬᠤ ᠦᠭᠡᠢ ᠂ ᠣᠳᠣ ᠪᠡᠯᠡᠨ ᠪᠦᠬᠦᠢ ᠡᠨᠡ ᠵᠢᠷᠭᠤᠭ᠎ᠠ ᠳᠣᠯᠣᠭᠠᠨ ᠲᠦᠮᠡᠨ ᠴᠡᠷᠢᠭ ᠢ᠋ᠶ᠋ᠡᠷ ᠲᠤᠯᠬᠤ ᠲᠤᠯᠠ ᠡᠰᠡ ᠠᠶᠤᠪᠠᠰᠤ ᠪᠣᠯᠬᠤ ᠦᠭᠡᠢ ᠳ᠋ᠦ᠍ᠷ ᠬᠦᠷᠴᠦᠬᠦᠢ ᠂ ᠳᠤᠲᠠᠭᠠᠵᠤ ᠪᠠᠢᠲᠠᠯ᠎ᠠ ᠲᠠᠯᠪᠢᠯ ᠦᠭᠡᠢ ᠨᠡᠬᠡᠪᠡᠰᠦ ᠣᠳᠣ ᠶᠠᠮᠪᠠᠷ ᠠᠷᠭ᠎ᠠ ᠪᠠᠢᠬᠤ ᠠᠵᠢ ! ᠭᠠᠭᠴᠠ ᠲᠤᠯᠵᠤ ᠪᠠᠢᠯᠳᠤᠬᠤ ᠪᠣᠢ ᠢ᠋᠎ᠡ ᠂ ᠣᠯᠠᠨ ᠵᠠᠩᠵᠤᠨ ᠨᠠᠷ ᠴᠡᠷᠢᠭ ᠦ᠋ᠨ ᠴᠠᠭᠠᠵᠠ ᠶ᠋ᠢ ᠬᠢᠴᠢᠶᠡᠨ ᠳᠠᠭᠠᠵᠤ ᠶᠠᠪᠤᠭᠲᠤᠨ ! 》 ᠬᠡᠮᠡᠭᠡᠳ : 《ᠬᠠᠭᠤᠴᠢᠨ ᠰᠠᠢᠳ ᠮᠡᠩᠭᠡᠯᠢᠭ ᠂ ᠮᠡᠩᠭᠡᠲᠦ ᠬᠣᠶᠠᠭᠤᠯᠠ ᠪᠠ ᠰᠢᠨ᠎ᠡ ᠠᠨᠳᠠ ᠳᠣᠭᠲᠣᠩᠭᠣ ᠂ ᠵᠠᠮᠪᠠᠯ ᠬᠣᠶᠠᠭᠤᠯᠠ ᠨᠠᠢ᠍ᠮᠠᠨ ᠪᠠᠭ᠎ᠠ ᠵᠠᠩᠵᠤᠨ ᠢ᠋ ᠵᠠᠬᠢᠷᠤᠨ ᠂ ᠳᠥᠷᠪᠡᠨ ᠪᠠᠭ᠎ᠠ ᠡᠵᠡᠳ ᠲᠠᠪᠤᠨ ᠮᠢᠩᠭᠠᠨ ᠴᠡᠷᠢᠭ ᠲᠡᠢ ᠠᠪᠴᠤ ᠡᠵᠡᠨ ᠦ᠌ ᠳᠣᠲᠣᠭᠠᠳᠤ ᠣᠷᠳᠣᠨ ᠤ᠋ ᠨᠡᠢᠲᠡ ᠶ᠋ᠢ ᠠᠪᠴᠤ ᠳᠡᠰ ᠠᠭᠤᠯᠠᠨ᠎ᠠ ᠬᠦᠷᠴᠦ ᠶᠠᠪᠠᠭᠠᠨ ᠪᠠᠭᠤᠳᠠᠯ ᠪᠠᠭᠤ ᠂ ᠠᠯᠢᠪᠠ ᠡᠷᠬᠡ ᠲᠣᠪᠴᠢ ᠶ᠋ᠢ ᠴᠥᠮ ᠮᠡᠩᠭᠡᠯᠢᠭ ᠮᠡᠳᠡᠬᠦ ᠲᠤᠯᠠ ᠲᠡᠭᠦᠨ ᠦ᠌ ᠵᠠᠷ ᠵᠠᠬᠢᠶ᠎ᠠ ᠪᠠᠷ ᠶᠠᠪᠤᠭᠲᠤᠨ᠃ ᠪᠤᠭᠤᠷᠵᠢ ᠠᠬᠠᠢ ᠪᠡᠯᠭᠦᠳᠡᠢ ᠶ᠋ᠢ ᠠᠪᠴᠤ ᠰᠢᠷᠢ ᠬᠤᠲᠤᠭ ᠂ ᠬᠠᠷ᠎ᠠ ᠬᠢᠷᠤ ᠬᠣᠶᠠᠭᠤᠯᠠ ᠳᠥᠷᠪᠡᠨ ᠪᠠᠭ᠎ᠠ ᠵᠠᠩᠵᠤᠨ ᠨᠠᠷ ᠢ᠋ ᠠᠪᠴᠤ ᠨᠢᠭᠡᠨ ᠲᠦᠮᠡᠨ ᠴᠡᠷᠢᠭ ᠵᠠᠬᠢᠷᠤᠨ ᠂ ᠳᠡᠰ ᠠᠭᠤᠯᠠᠨ ᠤ᠋ ᠰᠢᠷᠠᠯᠵᠢᠲᠠᠢ ᠶ᠋ᠢᠨ ᠲᠠᠯ᠎ᠠ ᠳ᠋ᠤᠷ ᠡᠴᠢᠵᠦ ᠪᠦᠭᠭᠦᠲᠦᠭᠡᠢ᠃ ᠪᠤᠭᠤᠷᠤᠯ ᠠᠬᠠᠢ ᠬᠠᠰᠠᠷ ᠢ᠋ ᠠᠪᠴᠤ ᠴᠢᠨᠳᠠᠭᠠᠨ᠎ᠠ ᠰᠡᠴᠡᠨ ᠂ ᠬᠤᠳᠠᠭᠠᠨ᠎ᠠ ᠪᠡᠬᠢ ᠬᠣᠶᠠᠭᠤᠯᠠ ᠳᠥᠷᠪᠡᠨ ᠪᠠᠭ᠎ᠠ ᠵᠠᠩᠵᠤᠨ ᠨᠠᠷ ᠢ᠋ ᠠᠪᠴᠤ ᠨᠢᠭᠡ ᠲᠦᠮᠡᠨ ᠴᠡᠷᠢᠭ ᠢ᠋ ᠵᠠᠬᠢᠷᠤᠨ ᠳᠡᠰ ᠠᠭᠤᠯᠠᠨ ᠤ᠋ ᠨᠠᠷᠠᠰᠤᠲᠠᠢ ᠶ᠋ᠢᠨ ᠰᠢᠭᠤᠢ ᠳ᠋ᠤᠷ ᠡᠴᠢᠵᠦ ᠪᠦᠭᠭᠦᠲᠦᠭᠡᠢ᠃ ᠴᠢᠯᠠᠭᠤᠨ ᠠᠬᠠᠢ ᠸᠴᠢᠷ ᠢ᠋ ᠠᠪᠴᠤ ᠴᠤᠤ ᠮᠡᠷᠭᠡᠨ ᠂ ᠬᠤᠷᠴᠠ ᠪᠠᠢᠷᠢ ᠬᠣᠶᠠᠭᠤᠯᠠ ᠳᠥᠷᠪᠡᠨ ᠪᠠᠭ᠎ᠠ ᠵᠠᠩᠵᠤᠨ ᠢ᠋ ᠠᠪᠴᠤ ᠲᠦᠮᠡᠨ ᠴᠡᠷᠢᠭ ᠢ᠋ ᠵᠠᠬᠢᠷᠤᠨ ᠂ ᠳᠡᠰ ᠠᠭᠤᠯᠠᠨ ᠤ᠋ ᠪᠤᠷᠭᠠᠰᠤᠲᠠᠢ ᠶ᠋ᠢᠨ ᠮᠠᠩᠬᠠᠨ᠎ᠠ ᠡᠴᠢᠵᠦ ᠪᠦᠭᠭᠦᠲᠦᠭᠡᠢ ᠃ ᠲᠣᠷᠭᠠᠨ ᠰᠢᠷ᠎ᠠ ᠠᠬᠠᠢ ᠭᠠᠴᠤᠭ ᠢ᠋ ᠠᠪᠴᠤ ᠥᠨᠳᠥᠷ ᠰᠡᠴᠡᠨ ᠂ ᠦᠨᠡᠨ ᠲᠥᠷᠥ ᠬᠣᠶᠠᠭᠤᠯᠠ ᠳᠥᠷᠪᠡᠨ ᠪᠠᠭ᠎ᠠ ᠵᠠᠩᠵᠤᠨ ᠢ᠋ ᠠᠪᠴᠤ ᠨᠢᠭᠡᠨ ᠲᠦᠮᠡᠨ ᠴᠡᠷᠢᠭ ᠢ᠋ ᠵᠠᠬᠢᠷᠤᠨ ᠂ ᠳᠡᠰ ᠠᠭᠤᠯᠠᠨ ᠤ᠋ ᠬᠤᠯᠤᠰᠤᠲᠠᠢ ᠶ᠋ᠢᠨ ᠭᠣᠣᠯ ᠳ᠋ᠤᠷ ᠡᠴᠢᠵᠦ ᠪᠦᠭᠭᠦᠲᠦᠭᠡᠢ ᠃ ᠰᠥᠪᠡᠭᠡᠲᠡᠢ ᠂ ᠵᠦᠯᠭᠡᠲᠡᠢ ᠂ ᠭᠢᠯᠦᠭᠡᠨ ᠂ ᠬᠤᠢᠯᠠᠳᠠᠷ ᠳᠥᠷᠪᠡᠨ ᠪᠠᠭᠠᠲᠤᠷ ᠂ ᠣᠶᠤᠲᠤ ᠰᠡᠴᠡᠨ ᠂ ᠣᠶᠤᠨ ᠭᠤᠸ᠎ᠠ ᠂ ᠰᠠᠢᠬᠠᠨ ᠰᠤᠷᠲᠠᠯᠲᠤ ᠂ ᠳᠡᠭᠦᠰᠴᠦᠭ᠍ᠲᠦ ᠂ ᠦᠯᠬᠦ ᠰᠠᠢᠳ ᠂ ᠪᠠᠶᠠᠨ ᠬᠢᠶ᠎ᠡ ᠵᠢᠷᠭᠤᠭᠠᠨ ᠰᠠᠢᠳ ᠨᠢᠭᠡᠨ ᠲᠦᠮᠡᠨ ᠴᠡᠷᠢᠭ ᠢ᠋ ᠵᠠᠬᠢᠷᠤᠨ ᠂ ᠡᠵᠡᠨ ᠦ᠌ ᠪᠡᠶ᠎ᠡ ᠶ᠋ᠢ ᠬᠠᠮᠠᠭᠠᠯᠠᠨ ᠰᠠᠬᠢᠵᠤ ᠳᠡᠰ ᠠᠭᠤᠯᠠᠨ ᠤ᠋ ᠶᠡᠬᠡ ᠲᠠᠯ᠎ᠠ ᠳ᠋ᠤᠷ ᠪᠠᠭᠤ ᠃ ᠮᠢᠨᠦ ᠪᠡᠶ᠎ᠡ ᠵᠠᠯᠮ᠎ᠠ ᠂ ᠵᠡᠪᠡ ᠬᠣᠶᠠᠷ ᠢ᠋ ᠠᠪᠴᠤ ᠰᠢᠨ᠎ᠡ ᠬᠠᠭᠤᠴᠢᠨ ᠨᠡᠢᠲᠡ ᠵᠠᠩᠵᠤᠨ ᠴᠡᠷᠢᠭ ᠢ᠋ ᠠᠪᠴᠤ ᠭᠠᠵᠠᠷ ᠪᠦᠷᠢ ᠶ᠋ᠢ ᠲᠣᠭᠣᠷᠢᠨ ᠦᠵᠡᠵᠦ ᠬᠠᠮᠢᠭ᠎ᠠ ᠬᠦᠷᠬᠦ ᠮᠠᠭᠠᠳ ᠦᠭᠡᠢ ᠃ ᠠᠷᠭᠠᠰᠤᠨ ᠤ᠋ ᠬᠣᠷᠭᠣᠯᠵᠢ ᠂ ᠠᠨᠳᠠᠨ ᠴᠢᠩ ᠬᠣᠶᠠᠭᠤᠯᠠ ᠡᠭᠡᠯᠵᠢᠯᠡᠨ ᠮᠡᠳᠡᠭᠡ ᠬᠦᠷᠭᠡ ! 》 ᠭᠡᠮᠡᠨ ᠲᠤᠰ ᠲᠤᠰ ᠵᠠᠷᠯᠠᠨ ᠲᠣᠭᠲᠠᠭᠠᠭᠠᠳ ᠰᠠᠶᠢ ᠳᠣᠲᠣᠷ᠎ᠠ ᠣᠷᠣᠵᠤ ᠂ ᠲᠠᠢᠽᠦ ᠶ᠋ᠢ ᠳᠡᠰ ᠠᠭᠤᠯᠠᠨ᠎ᠠ ᠰᠢᠨ᠎ᠡ ᠨᠠᠮᠤᠷ ᠤ᠋ᠨ ᠶᠡᠬᠡ ᠠᠪᠠ ᠬᠢᠵᠦ ᠴᠡᠷᠢᠭ ᠬᠤᠶᠠᠭ ᠢ᠋ ᠪᠣᠯᠪᠠᠰᠤᠷᠠᠭᠤᠯᠤᠮᠤ ᠭᠡᠮᠡᠨ ᠵᠠᠯᠠᠵᠤ ᠂ ᠵᠢᠴᠢ ᠥᠷᠯᠥᠭᠡ ᠪᠠᠷᠰ ᠴᠠᠭ ᠲᠤᠷ ᠬᠠᠮᠲᠤ ᠪᠠᠷ ᠬᠥᠳᠡᠯᠪᠡ᠃
ᠲᠡᠨᠳᠡᠴᠡ ᠠᠷᠳᠠ ᠂ ᠬᠣᠰᠠᠭᠤᠷ ᠂ ᠳᠡᠯᠵᠢᠲᠠᠢ ᠭᠤᠷᠪᠠᠭᠤᠯᠠ ᠡᠳᠡᠭᠡᠷ ᠵᠠᠷᠯᠠᠯ ᠢ᠋ ᠨᠠᠷᠢᠪᠴᠢᠯᠠᠨ ᠪᠢᠴᠢᠭᠯᠡᠨ ᠬᠡᠷᠡᠢᠳ ᠦ᠋ᠨ ᠢᠯᠠᠭᠤ ᠳ᠋ᠤᠷ ᠳᠣᠪᠲᠣᠯᠭᠠᠨ ᠢᠯᠡᠭᠡᠪᠡ ᠃ ᠡᠭᠦᠨ ᠡᠴᠡ ᠤᠷᠢᠳᠠᠬᠠᠨ ᠬᠡᠷᠡᠢᠳ ᠦ᠋ᠨ ᠣᠯᠣᠩᠬᠤ ᠭᠣᠣᠷᠬᠢ ᠬᠣᠶᠠᠭᠤᠯᠠ ᠡᠭᠡᠨ ᠬᠦᠷᠴᠦ ᠪᠢᠴᠢᠭ ᠢ᠋ᠶ᠋ᠡᠨ ᠡᠷᠭᠦᠭᠰᠡᠨ ᠳ᠋ᠦ᠍ᠷ ᠨᠡᠭᠡᠭᠡᠵᠦ ᠦᠵᠡᠪᠡᠰᠦ ᠪᠢᠴᠢᠭ ᠲᠣᠷ ᠬᠡᠲᠦᠷᠬᠡᠶ᠎ᠡ ᠬᠥᠩᠭᠡᠮᠰᠦᠭᠯᠡᠵᠦ ᠬᠡᠰᠢᠭ ᠲᠣᠷ ᠮᠥᠷᠭᠥᠭᠡᠳ ᠪᠠᠰᠠ ᠡᠨᠡ ᠤᠳᠠᠭ᠎ᠠ ᠶ᠋ᠢᠨ ᠪᠠᠢᠯᠳᠤᠭᠠᠨ ᠮᠠᠭᠠᠳ ᠪᠥᠭᠡᠰᠦ ᠪᠢᠳᠡ ᠭᠤᠷᠪᠠᠭᠤᠯᠠ ᠳᠣᠲᠣᠷ᠎ᠠ ᠠ᠋ᠴᠠ ᠦᠬᠦᠨ ᠲᠤᠰᠠᠯᠠᠰᠤᠭᠠᠢ ᠂ ᠡᠷᠬᠡᠪᠰᠢ ᠶᠢᠰᠦᠭᠡᠢ ᠪᠠᠭᠠᠲᠤᠷ ᠤ᠋ᠨ ᠲᠠᠪᠤᠨ ᠬᠥᠪᠡᠭᠦᠨ ᠢ᠋ ᠪᠦᠷᠢᠨ᠎ᠡ ᠪᠠᠷᠢᠵᠤ ᠂ ᠪᠸᠲ᠋ᠠ᠋ ᠤᠯᠤᠰ ᠢ᠋ ᠬᠠᠮᠲᠤ ᠪᠠᠷ ᠡᠷᠭᠦᠨ ᠶᠡᠬᠡ ᠭᠠᠪᠢᠶ᠎ᠠ ᠪᠠᠢᠭᠤᠯᠵᠤ ᠂ ᠪᠡᠶ᠎ᠡ ᠣᠷᠣᠬᠤ ᠶᠡᠬᠡ ᠬᠠᠭᠠᠯᠭ᠎ᠠ ᠪᠣᠯᠭᠠᠰᠤᠭᠠᠢ ᠬᠡᠮᠡᠵᠦᠬᠦᠢ ᠃
ᠡᠭᠦᠨ ᠳ᠋ᠦ᠍ᠷ ᠢᠯᠠᠭᠤ ᠂ ᠵᠠᠮᠤᠬ᠎ᠠ ᠨᠠᠷ ᠶᠡᠬᠡᠯ᠎ᠡ ᠪᠠᠶᠠᠷᠯᠠᠨ ᠶᠠᠪᠤᠬᠤᠶ᠎ᠠ ᠂ ᠳᠠᠭᠠᠯᠳᠤᠭ᠎ᠠ ᠪᠠᠰᠠ ᠨᠢᠭᠡᠨ ᠮᠡᠳᠡᠭᠡ ᠪᠢᠴᠢᠭ ᠬᠦᠷᠴᠦ ᠢᠷᠡᠭᠰᠡᠨ ᠢᠨᠦ ᠪᠢᠴᠢᠭ ᠦ᠋ᠨ ᠦᠭᠡ: 《ᠵᠠᠯᠢᠬᠠᠢ ᠪᠣᠭᠣᠯ ᠮᠤᠬᠤᠯᠢ ᠪᠠᠭᠤᠳᠠᠯ ᠨᠡᠭᠦᠵᠦ ᠳᠡᠰ ᠠᠭᠤᠯᠠᠨ᠎ᠠ ᠣᠷᠣᠪᠠ ᠂ ᠶᠢᠰᠦᠭᠡᠢ ᠪᠠᠭᠠᠲᠤᠷ ᠤ᠋ᠨ ᠲᠠᠪᠤᠨ ᠬᠥᠪᠡᠭᠦᠨ ᠢ᠋ ᠪᠠᠷᠢᠬᠤᠶ᠎ᠠ ᠪᠡᠷᠬᠡ ᠪᠣᠯᠪᠠ ᠃ ᠲᠡᠢᠮᠦ ᠲᠡᠢᠮᠦ ᠭᠠᠵᠠᠷ ᠪᠦᠭᠭᠦᠵᠦᠬᠦᠢ ᠂ ᠴᠡᠷᠢᠭ ᠰᠠᠯᠭᠠᠵᠤ ᠳᠠᠷᠤᠪᠠᠰᠤ ᠮᠠᠭᠠᠳ ᠣᠯᠵᠤ ᠪᠦᠷᠢᠨ᠎ᠡ ᠪᠠᠷᠢᠪᠠᠰᠤ ᠪᠣᠯᠤᠮᠤᠢ ᠃ ᠶᠡᠬᠡ ᠴᠡᠷᠢᠭ ᠴᠤᠭᠯᠠᠨ ᠵᠠᠪᠳᠤᠭᠰᠠᠨ ᠦᠭᠡᠢ ᠂ ᠨᠡᠢᠲᠡ ᠴᠡᠷᠢᠭ ᠳᠣᠯᠣᠭᠠᠨ ᠲᠦᠮᠡ ᠬᠦᠷᠬᠦ ᠦᠭᠡᠢ 》ᠬᠡᠮᠡᠵᠦᠬᠦᠢ᠃ ᠡᠭᠦᠨ ᠳ᠋ᠦ᠍ᠷ ᠢᠯᠠᠭᠤ ᠨᠡᠩᠳᠡ ᠪᠠᠶᠠᠷᠯᠠᠨ ᠲᠡᠷᠡ ᠪᠢᠴᠢᠭ ᠢ᠋ ᠬᠠᠭᠠᠨ ᠳ᠋ᠤᠷ ᠢ᠋ᠶ᠋ᠠᠨ ᠦᠵᠡᠭᠦᠯᠵᠦ ᠂ ᠡᠨᠡ ᠢᠨᠤ ᠲᠡᠭᠷᠢ ᠶ᠋ᠢᠨ ᠥᠭᠭᠦᠭᠰᠡᠨ ᠭᠠᠪᠢᠶ᠎ᠠ ᠪᠣᠯᠠᠢ ᠭᠡᠮᠡᠨ ᠬᠠᠷᠠᠬᠠᠨ ᠱᠠᠭᠠᠷᠳᠠᠨ ᠳᠣᠪᠲᠣᠯᠬᠤᠶ᠎ᠠ ᠡᠨᠡ ᠵᠠᠪᠰᠠᠷ ᠣᠯᠣᠩᠬᠤ ᠭᠣᠣᠷᠬᠢ ᠬᠣᠶᠠᠭᠤᠯᠠ ᠡᠨᠡ ᠮᠡᠳᠡᠭᠡ ᠶ᠋ᠢ ᠬᠡᠳᠦᠢᠨᠡᠢ ᠮᠤᠬᠤᠯᠢ ᠳ᠋ᠤᠷ ᠮᠡᠳᠡᠭᠦᠯᠵᠦ ᠳᠣᠪᠲᠣᠯᠭᠠᠪᠠ ᠃ ᠮᠤᠬᠤᠯᠢ ᠮᠢᠨᠦ ᠰᠠᠨᠠᠭ᠎ᠠ ᠪᠠᠷ ᠢᠷᠡᠪᠡ ᠬᠡᠮᠡᠭᠡᠳ ᠳᠠᠷᠤᠢ ᠣᠯᠠᠨ ᠬᠦᠷᠢᠶ᠎ᠡ ᠶ᠋ᠢ ᠲᠣᠭᠣᠷᠢᠵᠤ ᠰᠡᠮᠡᠬᠡᠷ ᠴᠥᠮ ᠠᠷᠭ᠎ᠠ ᠵᠢᠭᠠᠵᠤ ᠠᠪᠠ ᠬᠢᠯᠭᠡᠮᠦᠢ ᠃
ᠲᠡᠭᠦᠨᠴᠡ ᠬᠡᠷᠡᠢᠳ ᠦ᠋ᠨ ᠶᠤᠸᠠᠨᠱᠤᠸᠠᠢ ᠵᠠᠮᠤᠬ᠎ᠠ ᠶᠡᠬᠡ ᠴᠡᠷᠢᠭ ᠢ᠋ ᠠᠪᠴᠤ ᠰᠢᠭᠤᠳ ᠳᠡᠰ ᠠᠭᠤᠯᠠᠨ ᠤ᠋ ᠵᠦᠭ ᠳᠣᠪᠲᠣᠯᠵᠤ ᠂ ᠪᠤᠷᠬᠠᠨ ᠭᠠᠯᠳᠤᠨ᠎ᠠ ᠶ᠋ᠢ ᠴᠦ᠍ ᠮᠥᠨ ᠳᠠᠭᠠᠷᠢᠬᠤ ᠦᠭᠡᠢ ᠪᠡᠷ ᠥᠩᠭᠡᠷᠡᠨ ᠳᠡᠰ ᠠᠭᠤᠯᠠᠨ ᠤ᠋ ᠣᠢᠷ᠎ᠠ ᠬᠦᠷᠦᠮᠡᠭᠴᠡ ᠴᠡᠷᠢᠭ ᠢ᠋ᠶ᠋ᠡᠨ ᠬᠤᠪᠢᠶᠠᠭᠰᠠᠨ ᠠᠨᠤ :《ᠲᠠᠢᠰᠢ ᠣᠯᠢᠨᠲᠠᠢ ᠶ᠋ᠢ ᠵᠣᠯᠢᠶ᠎ᠠ ᠠᠢᠮᠠᠭ ᠤ᠋ᠨ ᠡᠵᠡᠨ ᠬᠣᠣᠷᠭᠣᠰ ᠢ᠋ ᠠᠪᠴᠤ ᠨᠢᠭᠡᠨ ᠲᠦᠮᠡᠨ ᠴᠡᠷᠢᠭ ᠢ᠋ᠶ᠋ᠡᠷ ᠪᠸᠲ᠋ᠠ᠋ ᠤᠯᠤᠰ ᠤ᠋ᠨ ᠰᠢᠷᠡᠯᠵᠢᠲᠡᠢ ᠶ᠋ᠢᠨ ᠲᠠᠯ᠎ᠠ ᠳ᠋ᠤᠷ ᠪᠦᠭᠭᠦᠭᠰᠡᠨ ᠪᠤᠭᠤᠷᠵᠢ ᠶ᠋ᠢᠨ ᠴᠡᠷᠢᠭ ᠢ᠋ ᠳᠠᠷᠤᠵᠤ ᠬᠠᠭ᠎ᠠ ᠂ ᠲᠠᠢᠪᠤᠤ ᠭᠣᠯᠢᠨᠳᠠᠢ ᠶ᠋ᠢ ᠲᠤᠩᠨᠠᠢ ᠠᠢᠮᠠᠭ ᠤ᠋ᠨ ᠡᠵᠡᠨ ᠱᠤᠮᠪᠣᠯ ᠢ᠋ ᠠᠪᠴᠤ ᠨᠢᠭᠡᠨ ᠲᠦᠮᠡᠨ ᠴᠡᠷᠢᠭ ᠢ᠋ᠶ᠋ᠡᠷ ᠨᠠᠷᠠᠰᠤᠲᠠᠢ ᠶ᠋ᠢᠨ ᠲᠠᠯ᠎ᠠ ᠳ᠋ᠤᠷ ᠪᠦᠭᠭᠦᠭᠰᠡᠨ ᠪᠤᠭᠤᠷᠤᠯ ᠤ᠋ᠨ ᠴᠡᠷᠢᠭ ᠢ᠋ ᠳᠠᠷᠤᠵᠤ ᠬᠠᠭ᠎ᠠ ᠂ ᠱᠤᠤᠱ᠌ᠢ ᠤᠷᠠᠨ ᠵᠠᠳᠠᠤᠯᠢ ᠬᠣᠯᠢ ᠠᠢᠮᠠᠭ ᠤ᠋ᠨ ᠡᠵᠡᠨ ᠢᠯᠴᠠᠭ ᠢ᠋ ᠠᠪᠴᠤ ᠨᠢᠭᠡᠨ ᠲᠦᠮᠡᠨ ᠴᠡᠷᠢᠭ ᠢ᠋ᠶ᠋ᠡᠷ ᠬᠤᠯᠤᠰᠤᠲᠠᠢ ᠶ᠋ᠢᠨ ᠭᠣᠣᠯ ᠳ᠋ᠤᠷ ᠪᠦᠭᠭᠦᠭᠰᠡᠨ ᠲᠣᠷᠭᠠᠨ ᠰᠢᠷ᠎ᠠ ᠶ᠋ᠢᠨ ᠴᠡᠷᠢᠭ ᠢ᠋ ᠳᠠᠷᠤᠵᠤ ᠬᠠᠭ᠎ᠠ ᠂ ᠱᠤᠤᠪᠤᠤ ᠂ ᠦᠬᠡᠷ ᠪᠠᠳᠤᠨ᠎ᠠ ᠰᠢᠯᠢ ᠠᠢᠮᠠᠭ ᠤ᠋ᠨ ᠡᠵᠡᠨ ᠪᠠᠲ᠋ᠠ ᠶ᠋ᠢ ᠠᠪᠴᠤ ᠪᠸᠲ᠋ᠠ᠋ ᠤᠯᠤᠰ ᠤ᠋ᠨ ᠪᠤᠷᠭᠠᠰᠤᠲᠠᠢ ᠶ᠋ᠢᠨ ᠮᠠᠩᠬᠠᠨ᠎ᠠ ᠪᠦᠭᠭᠦᠭᠰᠡᠨ ᠴᠢᠯᠠᠭᠤᠨ ᠤ᠋ ᠴᠡᠷᠢᠭ ᠢ᠋ ᠳᠠᠷᠤᠵᠤ ᠬᠠᠭ᠎ᠠ ᠂ ᠬᠠᠭᠠᠨ ᠤ᠋ ᠪᠡᠶ᠎ᠡ ᠲᠠᠢᠽᠢ ᠬᠢᠭᠡᠳ ᠮᠢᠨᠦ ᠪᠡᠶ᠎ᠡ ᠢᠷᠡᠭᠰᠡᠨ ᠣᠯᠠᠨ ᠪᠠᠭ᠎ᠠ ᠤᠯᠤᠰ ᠠᠢᠮᠠᠭ ᠤ᠋ᠳ ᠤ᠋ᠨ ᠡᠵᠡᠳ ᠪᠠ ᠣᠯᠠᠨ ᠵᠠᠩᠵᠤᠨ ᠴᠡᠷᠢᠭ ᠢ᠋ ᠠᠪᠴᠤ ᠭᠤᠷᠪᠠᠨ ᠵᠠᠮ ᠢ᠋ᠶ᠋ᠠᠷ ᠪᠸᠲ᠋ᠠ᠋ ᠤᠯᠤᠰ ᠤ᠋ᠨ ᠡᠵᠡᠨ ᠪᠠ ᠵᠢᠨᠦᠩ ᠦ᠋ᠨ ᠶᠡᠬᠡ ᠬᠦᠷᠢᠶ᠎ᠡ ᠶ᠋ᠢ ᠳᠠᠷᠤᠵᠤ ᠬᠠᠭᠠᠰᠤᠭᠠᠢ ᠃ ᠰᠣᠨᠣᠰᠬᠤᠯ᠎ᠠ ᠲᠡᠳᠡ ᠪᠤᠷᠬᠠᠨ ᠭᠠᠯᠳᠤᠨ᠎ᠠ ᠶ᠋ᠢ ᠬᠣᠭᠣᠰᠣᠨ ᠢ᠋ᠶ᠋ᠠᠷ ᠣᠷᠬᠢᠵᠤ ᠭᠠᠳᠠᠭᠤᠷ ᠬᠤᠯᠠᠭᠠᠢ ᠴᠡᠷᠢᠭ ᠪᠦᠭᠭᠦᠪᠡ ᠬᠡᠮᠡᠬᠦ ᠲᠤᠯᠠ ᠲᠡᠭᠦᠨ ᠦ᠌ ᠳᠡᠷᠭᠡᠳᠡ ᠰᠢᠭᠤᠳ ᠡᠴᠢᠵᠦ ᠪᠣᠯᠬᠤ ᠦᠭᠡᠢ ! 》 ᠬᠡᠮᠡᠭᠡᠳ ᠲᠤᠰ ᠲᠤᠰ ᠲᠤᠷ ᠬᠤᠪᠢᠶᠠᠨ ᠵᠠᠷᠯᠠᠭᠠᠳ ᠵᠢᠴᠢ ᠥᠷᠯᠥᠭᠡ ᠲᠠᠤᠯᠠᠢ ᠴᠠᠭ ᠲᠤᠷ ᠫᠤᠤ ᠶ᠋ᠢᠨ ᠳᠠᠭᠤᠨ ᠨᠢᠭᠡᠨᠲᠡ ᠭᠠᠷᠤᠮᠠᠭᠴᠠ ᠬᠡᠷᠡᠢᠳ ᠤᠯᠤᠰ ᠤ᠋ᠨ ᠳᠣᠯᠣᠭᠠᠨ ᠬᠦᠷᠢᠶ᠎ᠡ ᠴᠡᠷᠢᠭ ᠬᠠᠮᠲᠤ ᠪᠠᠷ ᠬᠥᠳᠡᠯᠵᠦ ᠂ ᠵᠦᠭ ᠵᠦᠭ ᠲᠦ᠍ᠷ ᠢ᠋ᠶ᠋ᠠᠨ ᠳᠣᠪᠲᠣᠯᠤᠯᠴᠠᠨ ᠳᠡᠰ ᠠᠭᠤᠯᠠᠨ ᠤ᠋ ᠶᠡᠬᠡ ᠠᠮᠠᠨ᠎ᠠ ᠣᠷᠣᠵᠤ ᠢᠷᠡᠭᠡᠳ ᠳᠤᠮᠳᠠᠳᠤ ᠴᠡᠷᠢᠭ ᠳᠡᠰ ᠠᠭᠤᠯᠠᠨ ᠤ᠋ ᠶᠡᠬᠡ ᠲᠠᠯ᠎ᠠ ᠳ᠋ᠤᠷ ᠬᠦᠷᠴᠦ ᠢᠷᠡᠪᠡᠰᠦ ᠵᠢᠷᠲᠠᠢᠮᠠ ᠰᠠᠷᠠᠭᠤᠯ ᠪᠣᠯᠵᠤ ᠂ ᠥᠴᠦᠬᠡᠨ ᠴᠦ᠍ ᠬᠥᠮᠦᠨ ᠦ᠌ ᠮᠥᠷ ᠰᠡᠭᠦᠳᠡᠷ ᠦᠭᠡᠢ ᠪᠣᠯᠵᠤ ᠂ ᠥᠨᠳᠥᠷ ᠡᠪᠡᠰᠦᠨ᠎ᠡ ᠠᠩ ᠭᠥᠷᠥᠭᠡᠰᠦ ᠭᠦᠶᠦᠯᠴᠡᠵᠦ ᠮᠠᠰᠢ ᠰᠦᠷᠡᠬᠡᠢ ᠳ᠋ᠦ᠍ᠷ ᠸᠠᠩ ᠬᠠᠭᠠᠨ ᠂ ᠬᠤᠸᠠᠩ ᠲᠠᠢᠽᠢ ᠂ ᠴᠸᠩᠱᠢᠶᠠᠩ ᠂ ᠶᠤᠸᠠᠨᠱᠤᠸᠠᠢ ᠨᠠᠷ ᠶᠡᠬᠡᠯ᠎ᠡ ᠠᠶᠤᠵᠤ ᠨᠢᠳᠦ ᠪᠦᠯᠲᠡᠢᠨ ᠂ ᠠᠮᠠ ᠠᠩᠭᠠᠢᠨ ᠯᠠᠪ ᠮᠤᠬᠤᠯᠢ ᠶ᠋ᠢᠨ ᠮᠤᠬᠤᠷ ᠠᠷᠭ᠎ᠠ ᠳ᠋ᠤᠷ ᠤᠨᠠᠪᠠ ᠭᠡᠮᠡᠨ ᠮᠣᠷᠢᠨ ᠤ᠋ ᠲᠣᠯᠣᠭᠠᠢ ᠪᠠᠨ ᠡᠭᠡᠭᠦᠯᠵᠦ ᠳᠣᠪᠲᠣᠯᠤᠨ ᠶᠠᠪᠤᠬᠤᠶ᠎ᠠ ᠂ ᠭᠡᠨᠡᠳᠲᠡ ᠦᠵᠡᠪᠡᠰᠦ ᠠᠭᠤᠯᠠᠨ ᠤ᠋ ᠬᠦᠷᠦᠭᠡᠳ ᠨᠠᠳᠬᠤᠵᠤ ᠂ ᠲᠠᠯ᠎ᠠ ᠶ᠋ᠢᠨ ᠠᠩ ᠦᠷᠭᠦᠨ ᠲᠣᠭᠣᠰᠣ ᠳᠡᠭᠳᠡᠵᠦ ᠂ ᠨᠢᠭᠡᠨ ᠰᠠᠯᠠᠭᠠᠨ ᠤ᠋ ᠴᠡᠷᠢᠭ ᠨᠢᠰᠬᠦ ᠮᠡᠲᠦ ᠬᠦᠷᠴᠦ ᠢᠷᠡᠨ ᠨᠢᠭᠡᠨᠲᠡ ᠬᠠᠰᠬᠢᠷᠤᠭᠰᠠᠨ ᠳ᠋ᠤᠷ ᠸᠠᠩ ᠬᠠᠭᠠᠨ ᠲᠡᠷᠢᠭᠦᠯᠡᠨ ᠪᠦᠭᠦᠳᠡᠭᠡᠷ ᠰᠦᠨᠡᠰᠦ ᠦᠭᠡᠢ ᠠᠶᠤᠵᠤ ᠂ ᠰᠠᠶᠢ ᠬᠡᠩᠭᠡᠷᠭᠡ ᠴᠣᠬᠢᠵᠤ ᠴᠡᠷᠢᠭ ᠢ᠋ᠶ᠋ᠡᠨ ᠭᠤᠷᠪᠠᠨ ᠠᠩᠭᠢ ᠪᠠᠷ ᠲᠡᠭᠰᠢᠯᠡᠬᠦᠶᠡ ᠂ ᠴᠡᠷᠢᠭ ᠦ᠋ᠨ ᠠᠷᠠᠳ ᠴᠢᠨᠠᠳᠤ ᠴᠡᠷᠢᠭ ᠦ᠋ᠨ ᠲᠤᠭ ᠬᠢᠭᠢᠷᠢ ᠶ᠋ᠢ ᠵᠢᠭᠠᠵᠤ ᠮᠡᠳᠡᠭᠦᠯᠦᠷᠦᠨ : 《ᠡᠨᠡ ᠢᠷᠡᠬᠦ ᠪᠸᠲ᠋ᠠ᠋ ᠤᠯᠤᠰ ᠤ᠋ᠨ ᠴᠡᠷᠢᠭ ᠪᠤᠰᠤ ᠂ ᠮᠠᠨ ᠤ᠋ ᠲᠠᠢᠰᠢ ᠣᠯᠢᠨᠲᠠᠢ ᠶ᠋ᠢᠨ ᠲᠤᠭ ᠪᠣᠯᠠᠢ !》ᠬᠡᠮᠡᠯᠳᠦᠵᠦ ᠰᠠᠶᠢ ᠰᠡᠳᠬᠢᠯ ᠪᠠᠬᠠᠨ ᠰᠤᠯᠠ ᠪᠣᠯᠵᠤ ᠂ ᠬᠡᠩᠭᠡᠷᠭᠡ ᠶ᠋ᠢ ᠵᠣᠭᠰᠣᠭᠠᠵᠤ ᠠᠰᠠᠭᠤᠰᠤᠭᠠᠢ ᠬᠡᠮᠡᠲᠡᠯ᠎ᠡ ᠴᠢᠨᠠᠳᠤᠰ ᠤ᠋ᠨ ᠴᠡᠷᠢᠭ ᠦ᠋ᠨ ᠳᠣᠲᠣᠷ᠎ᠠ ᠫᠤᠤ ᠶ᠋ᠢᠨ ᠳᠠᠭᠤᠨ ᠭᠠᠷᠤᠮᠠᠭᠴᠠ ᠬᠡᠩᠭᠡᠷᠭᠡ ᠳᠡᠯᠡᠳᠦᠨ ᠬᠢᠭᠢᠷᠢ ᠬᠥᠳᠡᠯᠵᠦ ᠂ ᠬᠠᠭᠠᠯᠭ᠎ᠠ ᠨᠡᠭᠡᠭᠡᠮᠡᠭᠴᠡ ᠪᠸᠲ᠋ᠠ᠋ ᠤᠯᠤᠰ ᠤ᠋ᠨ ᠵᠢᠨᠦᠩ ᠮᠤᠬᠤᠯᠢ ᠲᠡᠮᠦᠷ ᠰᠢᠳᠡᠮ ᠢ᠋ᠶ᠋ᠠᠨ ᠬᠥᠨᠳᠡᠯᠡᠨ ᠪᠠᠷᠢᠵᠤ ᠮᠣᠷᠢᠯᠠᠨ ᠭᠠᠷᠴᠤ ᠢᠷᠡᠭᠡᠳ ᠥᠨᠳᠥᠷ ᠳᠠᠭᠤᠨ ᠢ᠋ᠶ᠋ᠠᠷ ᠸᠠᠩ ᠬᠠᠭᠠᠨ ᠢ᠋ ᠬᠠᠷᠢᠶᠠᠨ ᠥᠭᠦᠯᠡᠷᠦᠨ : 《ᠥᠷᠥᠰᠢᠶᠡᠯ ᠢ᠋ ᠦᠲᠡᠭᠡᠷᠦᠭᠰᠡᠨ ᠲᠣᠭᠣᠷᠢᠯ ᠂ ᠵᠢᠷᠤᠮ ᠢ᠋ ᠲᠡᠰᠡᠷᠭᠦᠯᠡᠭᠰᠡᠨ ᠢᠯᠠᠭᠤ ᠂ ᠤᠷᠪᠠᠵᠤ ᠰᠥᠷᠦᠭᠰᠡᠨ ᠵᠠᠮᠤᠬ᠎ᠠ ᠂ ᠤᠩᠭᠤᠰᠤ ᠮᠡᠲᠦ ᠭᠦᠷᠡᠯᠵᠡᠭᠡᠨ᠎ᠡ ᠣᠳᠣᠬᠠᠨ ᠴᠤ᠌ ᠦᠬᠦᠯ ᠢ᠋ᠶ᠋ᠡᠨ ᠡᠷᠢᠨ ᠢᠷᠡᠪᠡᠦ ? 》ᠬᠡᠮᠡᠭᠡᠳ ᠪᠠᠷᠰ ᠤ᠋ᠨ ᠲᠤᠭ ᠢ᠋ ᠨᠢᠭᠡᠨᠲᠡ ᠳᠠᠯᠠᠯᠤᠭᠰᠠᠨ ᠠᠪᠠᠰᠤ ᠂ ᠪᠠᠭᠯᠠᠷᠠᠭᠰᠠᠨ ᠴᠡᠷᠢᠭ ᠭᠡᠨᠡᠳᠲᠡ ᠬᠣᠢᠰᠢ ᠤᠬᠤᠷᠢᠵᠤ ᠬᠣᠶᠠᠷ ᠠᠩᠭᠢ ᠪᠣᠯᠤᠨ ᠬᠠᠭ᠎ᠠ ᠡᠴᠢᠵᠦ ᠂ ᠬᠠᠯᠢᠨ ᠨᠢᠰᠬᠦ ᠬᠠᠷᠴᠠᠭᠠᠢ ᠰᠢᠪᠠᠭᠤᠨ ᠤ᠋ ᠵᠢᠭᠦᠷ ᠮᠡᠲᠦ ᠵᠢᠰᠢᠭᠦᠦ ᠪᠡᠷ ᠵᠢᠭ᠍ᠰᠠᠭᠠᠵᠤ ᠂ ᠦᠨᠡᠭᠡ ᠲᠠᠤᠯᠠᠢ ᠰᠢᠭᠦᠷᠭᠦ ᠮᠡᠲᠦ ᠰᠣᠩᠭᠣᠨ ᠳᠣᠪᠲᠣᠯᠤᠯᠴᠠᠨ ᠠᠯᠠᠨ ᠢᠷᠡᠪᠡ ᠃ ᠬᠡᠷᠡᠢᠳ ᠦ᠋ᠨ ᠴᠡᠷᠢᠭ ᠰᠠᠨᠠᠭᠠᠨ ᠳ᠋ᠤ᠌ ᠦᠭᠡᠢ ᠪᠠᠢᠭᠰᠠᠨ ᠤ᠋ ᠳᠡᠭᠡᠷ᠎ᠡ ᠴᠡᠷᠢᠭ ᠪᠠᠰᠠ ᠪᠠᠢᠷᠢᠯᠠᠭᠠᠳᠤᠢ ᠲᠤᠯᠠ ᠶᠡᠬᠡᠯ᠎ᠡ ᠰᠣᠴᠢᠵᠤ ᠵᠠᠮᠤᠬ᠎ᠠ ᠤᠷᠢᠳᠠ ᠪᠠᠷ ᠲᠡᠷᠢᠭᠦᠯᠡᠨ ᠳᠤᠲᠠᠭᠠᠬᠤ ᠶ᠋ᠢ ᠡᠷᠢᠬᠦᠶᠡ ᠂ ᠮᠤᠬᠤᠯᠢ ᠶ᠋ᠢᠨ ᠴᠡᠷᠢᠭ ᠦ᠋ᠨ ᠳᠣᠲᠣᠷ᠎ᠠ 《ᠲᠤᠭᠤᠷᠢᠯ ᠤ᠋ᠨ ᠲᠣᠯᠣᠭᠠᠢ ᠶ᠋ᠢ ᠣᠯᠤᠭᠰᠠᠨ ᠬᠥᠮᠦᠨ ᠳ᠋ᠦ᠍ᠷ ᠮᠢᠩᠭᠠᠨ ᠠᠭ᠍ᠲᠠ ᠂ ᠮᠢᠩᠭᠠᠨ ᠯᠠᠩ ᠴᠠᠭᠠᠨ ᠮᠥᠩᠭᠥ ᠱᠠᠩᠨᠠᠮᠤᠢ ! 》 ᠭᠡᠮᠡᠨ ᠪᠠᠷᠬᠢᠷᠠᠯᠴᠠᠬᠤ ᠳᠠᠭᠤᠨ ᠳ᠋ᠤᠷ ᠠᠭᠤᠯᠠ ᠭᠣᠣᠯ ᠠᠨᠢᠷᠯᠠᠬᠤᠶᠠ ᠂ ᠸᠠᠩ ᠬᠠᠭᠠᠨ ᠠᠯᠲᠠᠨ ᠮᠠᠯᠠᠭ᠎ᠠ ᠪᠠᠨ ᠮᠤᠯᠲᠤ ᠲᠠᠲᠠᠵᠤ ᠠᠪᠤᠭᠠᠳ ᠡᠮᠡᠭᠡᠯ ᠦ᠋ᠨ ᠭᠠᠨᠵᠤᠭ᠎ᠠ ᠳ᠋ᠤᠷ ᠤᠶᠠᠵᠤ ᠂ ᠨᠢᠭᠡᠨ ᠴᠦ᠍ ᠪᠠᠢᠯᠳᠤᠯ ᠦᠭᠡᠢ ᠪᠡᠷ ᠪᠠᠭᠠᠰᠤ ᠰᠢᠭᠡᠰᠦ ᠪᠡᠨ ᠠᠯᠳᠠᠵᠤ ᠪᠠᠷᠠᠭᠤᠨ ᠬᠣᠢᠲᠤ ᠵᠦᠭ ᠳᠤᠲᠠᠭᠠᠵᠤ ᠂ ᠪᠠᠬᠠᠨ ᠵᠣᠭ᠍ᠵᠢᠨ ᠭᠠᠷᠴᠤ ᠡᠴᠢᠲᠡᠯ᠎ᠡ ᠪᠠᠷᠠᠭᠤᠨ ᠡᠮᠦᠨ᠎ᠡ ᠶ᠋ᠢᠨ ᠠᠭᠤᠯᠠᠨ ᠤ᠋ ᠣᠷᠣᠢ ᠳ᠋ᠤᠷ ᠭᠠᠯᠪᠢᠩᠭ᠎ᠠ ᠨᠡᠷᠡᠲᠦ ᠣᠷᠭᠢᠯ ᠤ᠋ᠨ ᠳᠡᠭᠡᠷ᠎ᠡ ᠭᠠᠯ ᠤᠲᠤᠭᠠᠨ ᠤ᠋ ᠲᠡᠮᠳᠡᠭ ᠡᠭᠦᠰᠬᠡᠵᠦ ᠂ ᠭᠠᠵᠠᠷ ᠳᠡᠯᠪᠡᠷᠡᠬᠦ ᠮᠡᠲᠦ ᠫᠤᠤ ᠳᠠᠭᠤᠷᠢᠰᠴᠤ ᠬᠠᠰᠬᠢᠷᠬᠤᠶᠠ ᠨᠡᠩ ᠶᠡᠬᠡᠯ᠎ᠡ ᠠᠶᠤᠵᠤ ᠂ ᠪᠠᠰᠠ ᠡᠭᠡᠵᠦ ᠬᠣᠢᠲᠤ ᠵᠦᠭ ᠳᠤᠲᠠᠭᠠᠨ ᠂ ᠭᠤᠴᠢᠨ ᠭᠠᠵᠠᠷ ᠤ᠋ᠨ ᠦᠵᠦᠭᠦᠷ ᠶᠠᠮᠠᠲᠤ ᠬᠡᠮᠡᠬᠦ ᠲᠠᠯ᠎ᠠ ᠳ᠋ᠤᠷ ᠬᠦᠷᠲᠡᠯ᠎ᠡ ᠲᠠᠢᠪᠤᠤ ᠭᠣᠯᠢᠨᠳᠠᠢ ᠶ᠋ᠢᠨ ᠨᠢᠭᠡᠨ ᠠᠩᠭᠢ ᠳᠠᠷᠤᠭᠳᠠᠨ ᠪᠤᠲᠠᠷᠠᠭᠰᠠᠨ ᠴᠡᠷᠢᠭ ᠲᠦ᠍ᠷ ᠤᠴᠠᠷᠠᠵᠤ : 《ᠲᠡᠳᠡᠨ ᠦ᠌ ᠳᠥᠷᠪᠡᠨ ᠵᠦᠭ ᠦ᠋ᠨ ᠪᠦᠭᠭᠦᠭᠰᠡᠨ ᠴᠡᠷᠢᠭ ᠢ᠋ ᠳᠠᠷᠤᠷ᠎ᠠ ᠡᠴᠢᠭᠰᠡᠨ ᠴᠡᠷᠢᠭ ᠤ᠋ᠳ ᠬᠦᠷᠪᠡᠰᠦ ᠪᠸᠲ᠋ᠠ᠋ ᠤᠯᠤᠰ ᠤ᠋ᠨ ᠴᠡᠷᠢᠭ ᠨᠢᠭᠡ ᠴᠦ᠍ ᠦᠭᠡᠢ ᠪᠣᠯᠵᠤᠬᠤᠢ ᠃ ᠰᠣᠨᠣᠰᠬᠤᠯ᠎ᠠ ᠲᠠᠢᠰᠢ ᠣᠯᠢᠨᠲᠠᠢ ᠶ᠋ᠢᠨ ᠴᠡᠷᠢᠭ ᠪᠠᠰᠠ ᠵᠠᠮ ᠤ᠋ᠨ ᠵᠠᠭᠤᠷ᠎ᠠ ᠪᠸᠲ᠋ᠠ᠋ ᠤᠯᠤᠰ ᠤ᠋ᠨ ᠴᠡᠷᠢᠭ ᠲᠦ᠍ᠷ ᠰᠣᠴᠢᠮᠠᠲᠠᠭᠠᠢ ᠤᠴᠠᠷᠠᠵᠤ ᠂ ᠶᠡᠬᠡᠯ᠎ᠡ ᠳᠠᠷᠤᠭᠳᠠᠨ ᠳᠤᠲᠠᠭᠠᠵᠤ ᠭᠠᠷᠤᠭᠰᠠᠨ ᠬᠡᠳᠦᠨ ᠴᠡᠷᠢᠭ ᠮᠠᠨ ᠤ᠋ ᠴᠡᠷᠢᠭ ᠲᠦ᠍ᠷ ᠤᠴᠠᠷᠠᠪᠠ ᠃ ᠪᠤᠰᠤᠳ ᠠᠨᠤ ᠪᠠᠰᠠ ᠬᠡᠷᠬᠢᠭᠰᠡᠨ ᠢ᠋ ᠮᠡᠳᠡᠬᠦ ᠦᠭᠡᠢ !》ᠬᠡᠮᠡᠭᠰᠡᠨ ᠳ᠋ᠦ᠍ᠷ ᠸᠠᠩ ᠬᠠᠭᠠᠨ ᠮᠠᠯᠠᠭ᠎ᠠ ᠪᠠᠨ ᠠᠪᠴᠤ ᠡᠮᠦᠰᠬᠦ ᠪᠥᠭᠡᠳ ᠳᠥᠷᠦᠭᠡᠨ ᠦ᠌ ᠳᠣᠲᠣᠷ᠎ᠠ ᠬᠥᠯ ᠳᠡᠪᠰᠡᠵᠦ ᠶᠡᠬᠡᠯ᠎ᠡ ᠭᠠᠰᠢᠭᠤᠳᠠᠨ ᠂ ᠳᠠᠷᠤᠢ ᠲᠡᠷᠡ ᠶᠠᠮᠠᠲᠤ ᠶ᠋ᠢᠨ ᠲᠠᠯ᠎ᠠ ᠶ᠋ᠢᠨ ᠬᠥᠮᠦᠭᠡ ᠳ᠋ᠦ᠍ᠷ ᠪᠠᠭᠤᠵᠤ ᠰᠠᠶᠢ ᠣᠯᠠᠨ ᠴᠡᠷᠢᠭ ᠦ᠋ᠨ ᠪᠤᠳᠠᠭ᠎ᠠ ᠴᠢᠨᠠᠬᠤᠶᠠ ᠂ ᠵᠠᠮᠤᠬ᠎ᠠ ᠭᠡᠨᠡᠳᠲᠡ ᠦᠵᠡᠪᠡᠰᠦ ᠠᠭᠤᠯᠠᠨ ᠤ᠋ ᠵᠡᠪᠡ ᠶ᠋ᠢᠨ ᠠᠮᠠᠨ ᠠ᠋ᠴᠠ ᠪᠠᠰᠠ ᠨᠢᠭᠡᠨ ᠰᠠᠯᠠᠭᠠᠨ ᠤ᠋ ᠴᠡᠷᠢᠭ ᠳᠣᠪᠲᠣᠯᠤᠨ ᠭᠠᠷᠴᠤ ᠢᠷᠡᠬᠦᠢ ᠳ᠋ᠦ᠍ᠷ ᠭᠤᠷᠪᠠᠨ ᠠᠩᠭᠢ ᠴᠡᠷᠢᠭ ᠶᠡᠬᠡᠯ᠎ᠡ ᠠᠶᠤᠯᠳᠤᠵᠤ ᠂ ᠨᠢᠭᠡᠨᠲᠡ ᠬᠠᠰᠬᠢᠷᠤᠯᠳᠤᠨ ᠬᠦᠷᠢᠶ᠎ᠡ ᠪᠡᠨ ᠣᠷᠬᠢᠵᠤ ᠠᠭᠤᠯᠠᠨ᠎ᠠ ᠠᠪᠠᠷᠢᠪᠠ ᠃ ᠲᠡᠷᠡ ᠴᠡᠷᠢᠭ ᠣᠢᠷ᠎ᠠ ᠬᠦᠷᠴᠦ ᠢᠷᠡᠭᠰᠡᠨ ᠬᠣᠢᠨ᠎ᠠ ᠦᠵᠡᠪᠡᠰᠦ ᠬᠠᠷᠢᠨ ᠥᠪᠡᠷ ᠦ᠋ᠨ ᠤᠯᠤᠰ ᠤ᠋ᠨ ᠲᠠᠢᠰᠢ ᠥᠯᠢᠨᠲᠡᠢ ᠶ᠋ᠢᠨ ᠨᠢᠭᠡᠨ ᠰᠠᠯᠠᠭᠠᠨ ᠤ᠋ ᠴᠡᠷᠢᠭ ᠠᠵᠤᠭᠤ ᠃ ᠲᠡᠳᠦᠢ ᠰᠠᠶᠢ ᠠᠭᠤᠯᠠᠨ ᠠ᠋ᠴᠠ ᠪᠠᠭᠤᠯᠴᠠᠵᠤ ᠂ ᠣᠯᠢᠨᠲᠠᠢ ᠠ᠋ᠴᠠ ᠤᠴᠢᠷ ᠢ᠋ ᠠᠰᠠᠭᠤᠪᠠᠰᠤ ᠂ ᠡᠳᠡᠨ ᠦ᠌ ᠴᠡᠷᠢᠭ ᠰᠢᠷᠡᠯᠵᠢᠲᠡᠢ ᠶ᠋ᠢᠨ ᠲᠠᠯ᠎ᠠ ᠳ᠋ᠤᠷ ᠴᠣᠬᠢᠨ ᠬᠦᠷᠪᠡᠰᠦ ᠨᠢᠭᠡ ᠴᠦ᠍ ᠬᠥᠮᠦᠨ ᠦ᠌ ᠮᠥᠷ ᠦᠭᠡᠢ ᠲᠤᠯᠠ ᠠᠷᠭ᠎ᠠ ᠦᠭᠡᠢ ᠳᠡᠰ ᠠᠭᠤᠯᠠᠨ ᠤ᠋ ᠠᠮᠠᠨ ᠢ᠋ ᠥᠭᠡᠳᠡᠯᠡᠵᠦ ᠶᠠᠪᠤᠭᠰᠠᠭᠠᠷ ᠭᠡᠨᠡᠳᠲᠡ ᠪᠸᠲ᠋ᠠ᠋ ᠤᠯᠤᠰ ᠤ᠋ᠨ ᠡᠵᠡᠨ ᠦ᠌ ᠨᠢᠭᠡᠨ ᠰᠠᠯᠠᠭᠠᠨ ᠤ᠋ ᠴᠡᠷᠢᠭ ᠲᠦ᠍ᠷ ᠤᠴᠠᠷᠠᠵᠤ ᠂ ᠶᠡᠬᠡᠯ᠎ᠡ ᠳᠠᠷᠤᠭᠳᠠᠵᠤ ᠳᠤᠲᠠᠭᠠᠨ ᠶᠠᠪᠤᠭᠰᠠᠭᠠᠷ ᠡᠨᠳᠡ ᠰᠢᠷᠭᠤᠨ ᠣᠷᠣᠵᠤ ᠢᠷᠡᠪᠡ ᠬᠡᠮᠡᠮᠦᠢ ᠃ ᠦᠵᠡᠰᠡ ᠪᠸᠲ᠋ᠠ᠋ ᠤᠯᠤᠰ ᠤ᠋ᠨ ᠳᠥᠷᠪᠡᠨ ᠵᠦᠭ ᠪᠦᠭᠭᠦᠭᠰᠡᠨ ᠴᠡᠷᠢᠭ ᠬᠡᠮᠡᠭᠴᠢ ᠴᠥᠮ ᠬᠠᠭᠤᠷᠮᠠᠭ ᠵᠠᠷᠯᠠᠯ ᠂ ᠨᠡᠢᠲᠡ ᠪᠡᠷ ᠢ᠋ ᠴᠥᠮ ᠬᠡᠷᠡᠢᠳ ᠦ᠋ᠨ ᠴᠡᠷᠢᠭ ᠦ᠋ᠨ ᠡᠭᠡᠬᠦ ᠵᠠᠮ ᠳ᠋ᠤᠷ ᠪᠦᠭᠭᠦᠭᠦᠯᠦᠷᠡ ᠢᠯᠡᠭᠡᠭᠰᠡᠨ ᠠᠵᠤᠭᠤ ᠃ ᠳᠡᠰ ᠠᠭᠤᠯᠠᠨ᠎ᠠ ᠭᠠᠭᠴᠠ ᠲᠠᠢᠽᠦ ᠪᠠ ᠮᠤᠬᠤᠯᠢ ᠂ ᠵᠢᠴᠢ ᠳᠥᠷᠪᠡᠨ ᠪᠠᠭ᠎ᠠ ᠡᠵᠡᠳ ᠦ᠋ᠨ ᠡᠨᠡ ᠭᠤᠷᠪᠠᠨ ᠠᠩᠭᠢ ᠴᠡᠷᠢᠭ ᠲᠣᠭᠣᠷᠢᠨ ᠠᠪᠠ ᠬᠢᠵᠦ ᠴᠡᠩᠭᠡᠯᠳᠦᠬᠦ ᠠᠵᠤᠭᠤ ᠃ ᠭᠠᠯᠪᠢᠩᠭ᠎ᠠ ᠠᠭᠤᠯᠠᠨ ᠤ᠋ ᠣᠷᠭᠢᠯ ᠳ᠋ᠤᠷ ᠪᠦᠬᠦᠢ ᠢᠨᠤ ᠬᠠᠭᠤᠷᠮᠠᠭ ᠪᠠᠭᠤᠳᠠᠯ ᠂ ᠲᠣᠭᠲᠣᠩᠭᠣ᠌ ᠨᠠᠷ ᠬᠡᠳᠦᠢ ᠭᠠᠷᠴᠤ ᠢᠷᠡᠭᠰᠡᠨ ᠪᠣᠯᠪᠠᠴᠤ ᠵᠢᠴᠢ ᠡᠳᠦᠷ ᠦ᠋ᠨ ᠰᠥᠨᠢ ᠬᠡᠳᠦᠢᠨᠡᠢ ᠡᠭᠡᠵᠦ ᠣᠷᠣᠭᠠᠳ ᠪᠤᠷᠬᠠᠨ ᠭᠠᠯᠳᠤᠨ᠎ᠠ ᠶ᠋ᠢᠨ ᠭᠠᠳᠠᠨ᠎ᠠ ᠴᠡᠷᠢᠭ ᠪᠦᠭᠭᠦᠭᠰᠡᠨ ᠢᠨᠤ ᠦᠨᠡᠨ ᠃ ᠲᠡᠳᠦᠢ ᠲᠠᠢᠽᠦ ᠂ ᠮᠤᠬᠤᠯᠢ ᠬᠣᠶᠠᠭᠤᠯᠠ ᠬᠥᠮᠦᠨ ᠪᠦᠷᠢ ᠬᠣᠶᠠᠷ ᠲᠦᠮᠡᠨ ᠴᠡᠷᠢᠭ ᠠᠪᠴᠤ ᠳᠡᠰ ᠠᠭᠤᠯᠠᠨ ᠢ᠋ ᠲᠣᠭᠣᠷᠢᠨ ᠡᠷᠭᠢᠵᠦ ᠲᠣᠯᠣᠭᠠᠢ ᠰᠡᠭᠦᠯ ᠵᠠᠯᠭᠠᠯᠳᠤᠵᠤ ᠂ ᠬᠡᠷᠡᠢᠳ ᠦ᠋ᠨ ᠳᠥᠷᠪᠡᠨ ᠠᠩᠭᠢ ᠴᠡᠷᠢᠭ ᠢ᠋ ᠲᠥᠭᠡᠷᠢᠭᠦᠯᠦᠨ ᠠᠯᠠᠬᠤ ᠠᠵᠤᠭᠤ ᠃
ᠲᠡᠳᠦᠢ ᠭᠡᠷᠡᠢ᠍ᠢᠳ ᠦ᠋ᠨ ᠰᠢᠷᠠᠯᠵᠢᠲᠠᠢ ᠶ᠋ᠢᠨ ᠲᠠᠯ᠎ᠠ ᠶ᠋ᠢ ᠬᠠᠭᠠᠷ᠎ᠠ ᠡᠴᠢᠭᠰᠡᠨ ᠴᠡᠷᠢᠭ ᠦ᠋ᠨ ᠡᠵᠡᠨ ᠣᠯᠢᠨᠲᠠᠢ ᠲᠠᠢᠽᠦ ᠶ᠋ᠢᠨ ᠴᠡᠷᠢᠭ ᠲᠦ᠍ᠷ ᠤᠴᠠᠷᠠᠭᠠᠳ ᠲᠠᠢᠽᠦ ᠭᠡᠨᠡᠳᠲᠡ ᠰᠢᠪᠲᠤᠯᠤᠨ ᠣᠷᠣᠵᠤ ᠰᠤᠨᠳᠠᠯᠠᠨ ᠠᠯᠠᠭᠰᠠᠨ ᠳ᠋ᠤᠷ ᠣᠯᠢᠨᠲᠠᠢ ᠰᠠᠨᠠᠭᠠᠨ ᠳ᠋ᠤ᠌ ᠦᠭᠡᠢ ᠪᠠᠢᠭᠰᠠᠨ ᠲᠤᠯᠠ ᠶᠡᠬᠡᠯ᠎ᠡ ᠳᠠᠷᠤᠭᠳᠠᠵᠤ ᠬᠣᠶᠠᠷ ᠠᠩᠭᠢ ᠲᠠᠰᠤ ᠡᠴᠢᠭᠡᠳ ᠵᠣᠯᠢᠶ᠎ᠠ ᠠᠢᠮᠠᠭ ᠤ᠋ᠨ ᠡᠵᠡᠨ ᠬᠣᠣᠷᠭᠣᠰ ᠲᠠᠢᠽᠦ ᠯᠤᠭ᠎ᠠ ᠶᠠᠪ ᠤᠴᠠᠷᠠᠵᠤ ᠂ ᠲᠠᠢᠽᠦ ᠶ᠋ᠢᠨ ᠨᠢᠭᠡᠨᠲᠡ ᠵᠠᠩᠳᠠᠭᠰᠠᠨ ᠳᠠᠭᠤᠨ ᠳ᠋ᠤᠷ ᠰᠥᠰᠥ ᠬᠡᠮᠬᠡᠷᠡᠵᠦ ᠮᠣᠷᠢᠨ ᠠ᠋ᠴᠠ ᠪᠠᠨ ᠥᠩᠬᠥᠷᠢᠨ ᠤᠨᠠᠭᠰᠠᠨ ᠢ᠋ ᠴᠡᠷᠢᠭ ᠦ᠋ᠨ ᠠᠷᠠᠳ ᠠᠨᠤ ᠠᠷᠠᠢᠬᠠᠨ ᠴᠢᠷᠴᠦ ᠠᠪᠠᠴᠢᠨ ᠮᠣᠷᠢᠨ ᠳ᠋ᠤᠷ ᠤᠨᠤᠭᠤᠯᠵᠤ ᠪᠠᠢᠯᠳᠤᠯ ᠦᠭᠡᠢ ᠪᠡᠷ ᠪᠤᠷᠤᠭᠤᠯᠠᠬᠤᠶ᠎ᠠ ᠂ ᠲᠠᠢᠽᠦ ᠬᠡᠩᠭᠡᠷᠭᠡ ᠳᠡᠯᠡᠳᠦᠨ ᠳᠥᠷᠪᠡᠨ ᠪᠠᠭᠠᠲᠤᠷ ᠬᠠᠮᠲᠤ ᠪᠠᠷ ᠳᠠᠷᠤᠨ ᠣᠷᠣᠵᠤ ᠨᠢᠭᠡᠨ ᠵᠡᠷᠭᠡ ᠶᠡᠬᠡᠯ᠎ᠡ ᠠᠯᠠᠨ ᠪᠤᠲᠠᠷᠠᠭᠤᠯᠵᠤ ᠂ ᠲᠤᠭ ᠬᠢᠭᠢᠷᠢ ᠬᠤᠶᠠᠭ ᠵᠡᠪᠰᠡᠭ ᠢ᠋ ᠬᠡᠳᠦᠨ ᠲᠡᠷᠭᠡ ᠣᠯᠪᠠ ᠃ ᠡᠨᠡ ᠵᠠᠪᠰᠠᠷ ᠲᠤᠷ ᠵᠢᠨᠦᠩ ᠮᠤᠬᠤᠯᠢ ᠶ᠋ᠢᠨ ᠴᠡᠷᠢᠭ ᠸᠠᠩ ᠬᠠᠭᠠᠨ ᠤ᠋ ᠴᠡᠷᠢᠭ ᠦ᠋ᠨ ᠨᠢᠭᠡᠨ ᠰᠠᠯᠠᠭᠠᠨ ᠢ᠋ ᠳᠠᠷᠤᠵᠤ ᠡᠭᠡᠵᠦ ᠢᠷᠡᠲᠡᠯ᠎ᠡ ᠲᠠᠢᠽᠦ ᠶ᠋ᠢᠨ ᠴᠡᠷᠢᠭ ᠪᠠᠰᠠ ᠨᠠᠷᠠᠰᠤᠲᠠᠢ ᠶ᠋ᠢᠨ ᠰᠢᠭᠤᠢ ᠶ᠋ᠢᠨ ᠬᠡᠷᠡᠢᠳ ᠦ᠋ᠨ ᠴᠡᠷᠢᠭ ᠢ᠋ ᠬᠢᠳᠤᠷᠠ ᠡᠴᠢᠭᠡᠳ ᠪᠠᠰᠠ ᠬᠡᠷᠡᠢᠳ ᠦ᠋ᠨ ᠲᠠᠢᠪᠤᠤ ᠭᠤᠯᠢᠨᠳᠠᠢ ᠶ᠋ᠢᠨ ᠴᠡᠷᠢᠭ ᠲᠦ᠍ᠷ ᠴᠢᠪ ᠤᠴᠠᠷᠠᠭᠠᠳ ᠶᠡᠬᠡ ᠫᠤᠤ ᠲᠠᠯᠪᠢᠭᠤᠯᠵᠤ ᠂ ᠬᠠᠪᠢᠷᠭ᠎ᠠ ᠠ᠋ᠴᠠ ᠪᠦᠷᠢᠶ᠎ᠡ ᠲᠠᠲᠠᠭᠤᠯᠤᠨ ᠂ ᠰᠠᠮᠠᠭᠤᠨ ᠵᠡᠪᠡ ᠪᠡᠷ ᠬᠠᠷᠪᠤᠨ ᠡᠭᠦᠰᠬᠡᠭᠰᠡᠨ ᠳ᠋ᠦ᠍ᠷ ᠬᠡᠷᠡᠢᠳ ᠦ᠋ᠨ ᠭᠣᠯᠢᠨᠳᠠᠢ ᠂ ᠵᠢᠴᠢ ᠲᠤᠩᠨᠠᠢ ᠠᠢᠮᠠᠭ ᠤ᠋ᠨ ᠡᠵᠡᠨ ᠱᠤᠮᠪᠣᠯ ᠤ᠋ᠨ ᠴᠡᠷᠢᠭ ᠬᠠᠮᠲᠤ ᠪᠠᠷ ᠴᠥᠮ ᠰᠠᠯᠬᠢᠨ ᠳᠣᠣᠷ᠎ᠠ ᠪᠣᠯᠤᠭᠠᠳ ᠨᠢᠳᠦ ᠰᠡᠬᠦᠨ ᠴᠢᠳᠠᠬᠤ ᠦᠭᠡᠢ ᠪᠣᠯᠵᠤ ᠳᠠᠷᠤᠢ ᠭᠣᠣᠯ ᠤᠷᠤᠭᠤᠳᠠᠨ ᠪᠤᠷᠤᠭᠤᠯᠠᠭᠰᠠᠨ᠎ᠠ ᠂ ᠬᠣᠨᠢᠨ ᠤ᠋ ᠰᠦᠷᠦᠭ ᠲᠣᠷ ᠪᠠᠷᠰ ᠣᠷᠣᠭᠰᠠᠨ ᠮᠡᠲᠦ ᠨᠢᠭᠡᠨ ᠵᠡᠷᠭᠡ ᠨᠡᠬᠡᠨ ᠠᠯᠠᠪᠠ ᠃ ᠲᠡᠳᠦᠢ ᠭᠣᠯᠢᠨᠲᠠᠢ ᠂ ᠱᠤᠮᠪᠣᠯ ᠨᠠᠷ ᠮᠣᠷᠢᠨ ᠤ᠋ ᠪᠠᠷᠢᠮ ᠳᠡᠯ ᠢ᠋ᠶ᠋ᠡᠨ ᠰᠢᠭᠦᠷᠡᠨ ᠦᠬᠦᠨ ᠳᠣᠪᠲᠣᠯᠤᠨ ᠰᠠᠶᠢ ᠪᠠᠬᠠᠨ ᠵᠣᠭ᠍ᠵᠢᠨ ᠭᠠᠷᠴᠤ ᠪᠤᠲᠠᠷᠠᠭᠰᠠᠨ ᠴᠡᠷᠢᠭ ᠢ᠋ᠶ᠋ᠡᠨ ᠬᠤᠷᠢᠶᠠᠬᠤᠶ᠎ᠠ ᠂ ᠪᠠᠰᠠ ᠴᠢᠪᠬᠢᠲᠡᠯ᠎ᠡ ᠮᠤᠬᠤᠯᠢ ᠶ᠋ᠢᠨ ᠸᠠᠩ ᠬᠠᠭᠠᠨ ᠢ᠋ ᠳᠠᠷᠤᠭᠰᠠᠨ ᠴᠡᠷᠢᠭ ᠦ᠋ᠨ ᠡᠷᠭᠢᠵᠦ ᠶᠠᠪᠤᠬᠤᠢ ᠳ᠋ᠤᠷ ᠠᠭᠤᠯᠵᠠᠭᠠᠳ ᠪᠠᠰᠠ ᠬᠦ᠌ ᠨᠢᠭᠡᠨ ᠵᠡᠷᠭᠡ ᠠᠯᠠᠭᠳᠠᠵᠤ ᠂ ᠠᠷᠠᠢ ᠠᠮᠢᠨ ᠢ᠋ᠶ᠋ᠠᠨ ᠠᠪᠴᠤ ᠡᠮᠦᠨ᠎ᠡ ᠵᠦᠭ ᠨᠢᠰᠦᠨ ᠳᠣᠪᠲᠣᠯᠪᠠ ᠃
ᠲᠡᠳᠦᠢ ᠲᠠᠢᠽᠦ ᠮᠤᠬᠤᠯᠢ ᠶ᠋ᠢᠨ ᠴᠡᠷᠢᠭ ᠬᠠᠮᠲᠤ ᠨᠡᠢᠯᠡᠵᠦ ᠂ ᠬᠡᠷᠡᠢᠳ ᠦ᠋ᠨ ᠴᠡᠷᠢᠭ ᠢ᠋ ᠪᠠᠷᠠᠭᠤᠨ ᠵᠦᠭ ᠳᠠᠷᠤᠨ ᠲᠥᠭᠡᠷᠢᠭᠦᠯᠰᠦᠭᠡᠢ ᠭᠡᠮᠡᠨ ᠬᠠᠷᠠᠬᠠᠨ ᠨᠡᠬᠡᠬᠦᠶ᠎ᠡ ᠂ ᠬᠡᠷᠡᠢᠳ ᠦ᠋ᠨ ᠱᠤᠤᠱ᠌ᠢ ᠤᠷᠠᠨ ᠵᠠᠳᠠᠤᠯᠢ ᠂ ᠵᠢᠴᠢ ᠬᠣᠯᠢ ᠠᠢᠮᠠᠭ ᠤ᠋ᠨ ᠡᠵᠡᠨ ᠢᠯᠴᠠᠭ ᠬᠣᠶᠠᠭᠤᠯᠠ ᠶ᠋ᠢᠨ ᠬᠤᠯᠤᠰᠤᠲᠠᠢ ᠶ᠋ᠢᠨ ᠭᠣᠣᠯ ᠢ᠋ ᠬᠠᠭᠠᠵᠤ ᠬᠣᠭᠣᠰᠣᠳᠠᠭᠰᠠᠨ ᠨᠢᠭᠡᠨ ᠰᠠᠯᠠᠭᠠᠨ ᠤ᠋ ᠴᠡᠷᠢᠭ ᠲᠦ᠍ᠷ ᠤᠴᠠᠷᠠᠵᠤ ᠂ ᠲᠠᠢᠽᠦ ᠳᠠᠷᠤᠢ ᠫᠤᠤ ᠲᠠᠯᠪᠢᠭᠤᠯᠤᠨ ᠬᠡᠩᠭᠡᠷᠭᠡ ᠳᠡᠯᠡᠳᠦᠭᠦᠯᠵᠦ ᠣᠷᠣᠬᠤᠶ᠎ᠠ ᠂ ᠬᠣᠯᠢ ᠠᠢᠮᠠᠭ ᠤ᠋ᠨ ᠡᠵᠡᠨ ᠢᠯᠴᠠᠭ ᠬᠣᠯᠠ ᠠ᠋ᠴᠠ ᠲᠠᠢᠽᠦ ᠶ᠋ᠢᠨ ᠤᠯᠠᠭᠠᠨ ᠰᠢᠬᠦᠷ ᠢ᠋ ᠦᠵᠡᠭᠡᠳ ᠲᠡᠭᠷᠢ ᠨᠠᠳᠠ ᠳ᠋ᠤᠷ ᠲᠡᠮᠦᠵᠢᠨ ᠢ᠋ ᠬᠦᠷᠭᠡᠵᠦ ᠠᠴᠢᠷᠠᠪᠠ ᠭᠡᠮᠡᠨ ᠶᠡᠬᠡᠯ᠎ᠡ ᠪᠠᠶᠠᠷᠯᠠᠵᠤ ᠂ ᠪᠦᠬᠦ ᠴᠡᠷᠢᠭ ᠢ᠋ᠶ᠋ᠡᠨ ᠠᠪᠴᠤ ᠲᠠᠢᠽᠦ ᠶ᠋ᠢ ᠲᠤᠯᠪᠠ ᠃ ᠲᠠᠢᠽᠦ ᠠᠰᠠᠭᠤᠯᠭᠠᠪᠠᠰᠤ ᠂ ᠢᠯᠴᠠᠭ ᠥᠨᠳᠥᠷ ᠳᠠᠭᠤᠨ ᠢ᠋ᠶ᠋ᠠᠷ ᠶᠡᠬᠡᠯ᠎ᠡ ᠢᠨᠢᠶᠡᠵᠦ ᠥᠭᠦᠯᠡᠷᠦᠨ : 《ᠶᠡᠬᠡ ᠬᠡᠷᠡᠢᠳ ᠤᠯᠤᠰ ᠤ᠋ᠨ ᠸᠠᠩ ᠬᠠᠭᠠᠨ ᠤ᠋ ᠢᠯᠠᠭᠳᠠᠰᠢ ᠦᠭᠡᠢ ᠪᠠᠷᠰ ᠤ᠋ᠨ ᠵᠠᠩᠵᠤᠨ ᠢᠯᠴᠠᠭ ᠬᠡᠮᠡᠭᠴᠢ ᠪᠢ ᠮᠥᠨ ᠃ ᠡᠨᠡ ᠡᠳᠦᠷ ᠲᠡᠭᠷᠢ ᠨᠠᠳᠠ ᠳ᠋ᠤᠷ ᠲᠡᠮᠦᠵᠢᠨ ᠬᠥᠪᠡᠭᠦᠨ ᠴᠢᠮᠠᠢ ᠬᠦᠷᠭᠡᠵᠦ ᠢᠷᠡᠪᠡ ᠂ ᠲᠦᠷᠭᠡᠨ᠎ᠡ ᠮᠣᠷᠢᠨ ᠠ᠋ᠴᠠ ᠪᠠᠨ ᠥᠩᠬᠥᠷᠢᠨ ᠪᠠᠭᠤᠵᠤ ᠬᠦᠯᠢᠭᠦᠯᠪᠡᠰᠦ ᠦᠬᠦᠬᠦ ᠶᠠᠯ᠎ᠠ ᠶ᠋ᠢ ᠴᠢᠨᠦ ᠬᠡᠯᠲᠦᠷᠢᠭᠦᠯᠰᠦᠭᠡᠢ ! 》ᠬᠡᠮᠡᠬᠦᠢ ᠳ᠋ᠦ᠍ᠷ ᠲᠠᠢᠽᠦ ᠰᠣᠨᠣᠰᠴᠤ ᠮᠥᠰᠢᠶᠡᠮᠳᠠᠰᠦ ᠠᠯᠳᠠᠵᠤ : 《ᠬᠡᠨ ᠭᠠᠷᠤᠮᠤᠢ ?》 ᠬᠡᠮᠡᠲᠡᠯ᠎ᠡ ᠠᠯᠠᠭ ᠬᠡᠳᠦᠢᠨᠡᠢ ᠳᠣᠪᠲᠣᠯᠤᠨ ᠭᠠᠷᠲᠠᠯ᠎ᠠ ᠢᠯᠴᠠᠭ ᠪᠠᠰᠠ ᠳᠠᠭᠤᠳᠠᠨ ᠥᠭᠦᠯᠡᠷᠦᠨ : 《ᠲᠡᠮᠦᠵᠢᠨ ᠬᠤᠷᠳᠤᠨ ᠭᠠᠷᠴᠤ ᠲᠡᠷᠢᠭᠦᠨ ᠢ᠋ᠶ᠋ᠡᠨ ᠣᠭᠲᠣᠯᠤᠭᠤᠯ ! 》 ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳ ᠂ ᠠᠮᠠᠨ ᠳ᠋ᠤᠷ ᠴᠢᠪᠬᠢᠲᠡᠯ᠎ᠡ ᠨᠢᠭᠡᠨ ᠰᠤᠮᠤ ᠲᠣᠰᠴᠤ ᠦᠭᠡ ᠵᠠᠭᠤᠷᠮ᠎ᠠ ᠲᠠᠰᠤᠷᠠᠭᠠᠳ ᠨᠢᠭᠡᠨ ᠮᠠᠭᠤ ᠳᠠᠭᠤᠨ ᠭᠠᠷᠭᠠᠪᠠ ᠃ ᠣᠯᠠᠨ ᠦᠵᠡᠪᠡᠰᠦ ᠠᠯᠠᠭ ᠬᠡᠵᠢᠶᠡᠨᠢ ᠳᠣᠪᠲᠣᠯᠤᠨ ᠬᠦᠷᠴᠦ ᠢᠯᠴᠡᠭ᠋ ᠢ᠋ ᠰᠢᠭᠦᠷᠡᠨ ᠠᠪᠴᠤ ᠬᠥᠯ ᠡᠴᠡ ᠰᠣᠭᠣᠢᠯᠠᠨ ᠬᠠᠳᠠ ᠶ᠋ᠢᠨ ᠴᠢᠯᠠᠭᠤᠨ ᠳᠡᠭᠡᠷ᠎ᠡ ᠲᠣᠯᠣᠭᠠᠢ ᠶ᠋ᠢ ᠪᠠᠯᠪᠠ ᠳᠡᠯᠡᠳᠴᠦᠬᠦᠢ ᠃ ᠦᠵᠡᠪᠡᠰᠦ ᠰᠤᠮᠤ ᠬᠣᠭᠣᠯᠠᠢ ᠪᠠᠷ ᠨᠡᠪᠲᠡ ᠭᠠᠷᠴᠤ ᠪᠣᠢ ᠃ ᠦᠵᠡᠰᠡ ᠢᠯᠴᠠᠭ ᠤ᠋ᠨ ᠦᠭᠡᠰ ᠠᠰᠤᠷᠤ ᠭᠠᠰᠢᠭᠤᠨ ᠳ᠋ᠤᠷ ᠰᠥᠪᠡᠭᠡᠲᠡᠢ ᠠᠭᠤᠷᠯᠠᠵᠤ ᠬᠠᠷᠪᠤᠭᠰᠠᠨ ᠠᠵᠤᠭᠤ ᠃ ᠲᠡᠷᠡ ᠣᠯᠠᠨ ᠴᠡᠷᠢᠭ ᠶᠡᠬᠡᠯ᠎ᠡ ᠢᠨᠢᠶᠡᠯᠴᠡᠪᠡ ᠃ ᠡᠨᠡ ᠦᠶ᠎ᠡ ᠳ᠋ᠦ᠍ᠷ ᠴᠢᠨᠠᠳᠤ ᠡᠲᠡᠭᠡᠳ ᠲᠣᠷ ᠮᠤᠬᠤᠯᠢ ᠬᠡᠷᠡᠢᠳ ᠦ᠋ᠨ ᠱᠤᠤᠱ᠌ᠢ ᠤᠷᠠᠨ ᠵᠠᠳᠠᠤᠯᠢ ᠳ᠋ᠤᠷ ᠤᠴᠠᠷᠠᠵᠤ ᠂ ᠬᠠᠷᠢᠯᠴᠠᠨ ᠪᠠᠢᠯᠳᠤᠵᠤ ᠨᠢᠭᠡᠬᠡᠨ ᠤᠳᠠᠭ᠎ᠠ ᠳ᠋ᠤᠷ ᠤᠷᠠᠨ ᠵᠠᠳᠠᠤᠯᠢ ᠮᠤᠬᠤᠯᠢ ᠶ᠋ᠢᠨ ᠲᠡᠮᠦᠷ ᠰᠢᠳᠠᠮ ᠳ᠋ᠤᠷ ᠲᠣᠯᠣᠭᠠᠢ ᠣᠨᠣᠭᠳᠠᠵᠤ ᠬᠡᠮᠬᠡ ᠡᠴᠢᠭᠡᠳ ᠳᠠᠬᠢᠨ ᠨᠢᠭᠡᠨ ᠰᠢᠳᠡᠮ ᠳ᠋ᠦ᠍ᠷ ᠪᠡᠶ᠎ᠡ ᠰᠢᠪᠠᠷ ᠮᠡᠲᠦ ᠪᠣᠯᠪᠠᠢ ᠃
ᠲᠡᠳᠦᠢ ᠬᠡᠷᠡᠢᠳ ᠦ᠋ᠨ ᠴᠡᠷᠢᠭ ᠬᠠᠪᠴᠢᠭ᠍ᠳᠠᠨ ᠠᠯᠠᠭᠳᠠᠵᠤ ᠠᠭᠤᠯᠠ ᠶ᠋ᠢ ᠳᠠᠪᠠᠵᠤ ᠵᠡᠭᠦᠨ ᠵᠦᠭ ᠳᠡᠰ ᠠᠭᠤᠯᠠᠨ ᠤ᠋ ᠶᠡᠬᠡ ᠭᠣᠣᠯ ᠳ᠋ᠤᠷ ᠣᠷᠣᠵᠤ ᠢᠷᠡᠨ ᠪᠤᠷᠤᠭᠤᠯᠠᠬᠤᠶ᠎ᠠ ᠂ ᠲᠠᠢᠽᠦ ᠂ ᠮᠤᠬᠤᠯᠢ ᠲᠠᠯᠪᠢᠯ ᠦᠭᠡᠢ ᠨᠡᠬᠡᠨ ᠣᠷᠣᠪᠠ᠃ ᠡᠨᠡ ᠦᠶ᠎ᠡ ᠳ᠋ᠦ᠍ᠷ ᠬᠡᠷᠡᠢᠳ ᠦ᠋ᠨ ᠱᠤᠤᠪᠤᠣ ᠦᠬᠡᠷ ᠪᠠᠳᠤᠨ᠎ᠠ ᠂ ᠵᠢᠴᠢ ᠰᠢᠯᠢ ᠠᠢᠮᠠᠭ ᠤ᠋ᠨ ᠡᠵᠡᠨ ᠪᠠᠲ᠋ᠠ ᠪᠤᠷᠭᠠᠰᠤᠲᠠᠢ ᠶ᠋ᠢᠨ ᠮᠠᠩᠬᠠᠨ᠎ᠠ ᠡᠴᠢᠭᠡᠳ ᠬᠠᠷᠢᠨ ᠬᠡᠳᠦᠢᠴᠢᠨᠡᠭᠡᠨ ᠡᠷᠢᠭᠡᠳ ᠭᠡᠳᠡᠷᠭᠦ ᠬᠣᠣᠷᠠᠲᠤ ᠮᠣᠭᠠᠢ ᠳ᠋ᠤᠷ ᠬᠠᠳᠬᠤᠭᠳᠠᠵᠤ ᠂ ᠨᠢᠭᠡᠨ ᠬᠥᠮᠦᠨ ᠢ᠋ ᠴᠦ᠍ ᠣᠯᠤᠭᠰᠠᠨ ᠦᠭᠡᠢ ᠂ ᠳᠡᠰ ᠠᠭᠤᠯᠠᠨ ᠤ᠋ ᠡᠮᠦᠨ᠎ᠡ ᠢᠷᠡᠵᠦ ᠦᠵᠡᠪᠡᠰᠦ ᠴᠡᠷᠢᠭ ᠦ᠋ᠨ ᠮᠥᠷ ᠪᠠᠢᠬᠤ ᠪᠣᠯᠪᠠᠴᠤ ᠣᠭᠲᠣ ᠪᠠᠭᠤᠳᠠᠯ ᠤ᠋ᠨ ᠣᠷᠣᠮ ᠦᠭᠡᠢ ᠲᠤᠯᠠ ᠠᠷᠭ᠎ᠠ ᠦᠭᠡᠢ ᠨᠠᠷᠠᠨ ᠲᠠᠰᠢᠭᠰᠠᠨᠠ ᠰᠠᠶᠢ ᠪᠠᠭᠤᠳᠠᠯ ᠪᠠᠭᠤᠬᠤᠶᠠ ᠦᠵᠡᠪᠡᠰᠦ ᠭᠣᠣᠯ ᠤ᠋ᠨ ᠡᠬᠢᠨ ᠡᠴᠡ ᠪᠠᠷᠮᠠᠨᠤᠰ ᠤ᠋ᠨ ᠲᠣᠭᠣᠰᠣ ᠳᠡᠭᠳᠡᠨ ᠂ ᠬᠠᠰᠬᠢᠷᠬᠤ ᠳᠠᠭᠤᠨ ᠭᠠᠷᠴᠤ ᠨᠢᠭᠡᠨ ᠰᠠᠯᠠᠭᠠᠨ ᠤ᠋ ᠴᠡᠷᠢᠭ ᠨᠢᠰᠬᠦ ᠮᠡᠲᠦ ᠳᠣᠪᠲᠣᠯᠤᠨ ᠢᠷᠡᠮᠦᠢ᠃ ᠨᠠᠷᠠᠨ ᠤ᠋ ᠡᠰᠡᠷᠭᠦ ᠲᠤᠯᠠ ᠲᠤᠭ ᠰᠠᠢᠬᠠᠨ ᠲᠠᠨᠢᠭ᠍ᠳᠠᠬᠤ ᠦᠭᠡᠢ ᠂ ᠬᠠᠷᠠᠬᠠᠨ ᠰᠢᠷᠲᠡᠵᠦ ᠪᠥᠬᠥᠶ᠎ᠡ ᠲᠡᠷᠡ ᠴᠡᠷᠢᠭ ᠬᠦᠷᠴᠦ ᠢᠷᠡᠪᠡ ᠂ ᠦᠵᠡᠰᠡ ᠤᠷᠠᠨ ᠵᠠᠳᠠᠤᠯᠢ ᠢᠯᠴᠡᠭ ᠲᠠᠨ ᠤ᠋ ᠳᠠᠷᠤᠭᠳᠠᠭᠰᠠᠨ ᠴᠡᠷᠢᠭ ᠠᠵᠤᠭᠤ ᠃ ᠬᠣᠢᠨ᠎ᠠ ᠠ᠋ᠴᠠ ᠪᠸᠲ᠋ᠠ᠋ ᠤᠯᠤᠰ ᠤ᠋ᠨ ᠶᠡᠬᠡ ᠴᠡᠷᠢᠭ ᠠᠭᠤᠯᠠ ᠨᠤᠷᠠᠨ ᠴᠢᠯᠠᠭᠤ ᠥᠩᠬᠥᠷᠢᠬᠦ ᠮᠡᠲᠦ ᠳᠠᠷᠤᠨ ᠬᠦᠷᠴᠦ ᠢᠷᠡᠭᠰᠡᠨ ᠳ᠋ᠦ᠍ᠷ ᠦᠬᠡᠷ ᠪᠠᠳᠤᠨ᠎ᠠ ᠂ ᠪᠠᠲ᠋ᠠ ᠨᠠᠷ ᠶᠡᠬᠡᠯ᠎ᠡ ᠠᠶᠤᠯᠳᠤᠵᠤ ᠳᠠᠷᠤᠢ ᠬᠦᠷᠢᠶ᠎ᠡ ᠪᠡᠨ ᠣᠷᠬᠢᠵᠤ ᠵᠡᠭᠦᠨ ᠵᠦᠭ ᠭᠣᠣᠯ ᠤᠷᠤᠭᠤᠳᠠᠨ ᠳᠤᠲᠠᠭᠠᠪᠠ ᠃ ᠡᠨᠡ ᠦᠶ᠎ᠡ ᠳ᠋ᠦ᠍ᠷ ᠨᠠᠷᠠᠨ ᠤᠨᠠᠵᠤ ᠬᠠᠷᠠᠩᠭᠤᠢ ᠪᠣᠯᠤᠭᠰᠠᠨ ᠲᠤᠯᠠ ᠮᠤᠬᠤᠯᠢ ᠲᠠᠢᠽᠦ ᠶ᠋ᠢ ᠮᠥᠨ ᠡᠨᠡ ᠪᠡᠯᠡᠨ ᠪᠠᠭᠤᠳᠠᠯ ᠳ᠋ᠤᠷ ᠪᠠᠭᠤᠯᠭᠠᠵᠤ ᠂ ᠥᠪᠡᠷ ᠢ᠋ᠶ᠋ᠡᠨ ᠬᠡᠷᠡᠢᠳ ᠦ᠋ᠨ ᠴᠡᠷᠢᠭ ᠢ᠋ ᠲᠠᠪᠤᠨ ᠭᠠᠵᠠᠷ ᠨᠡᠬᠡᠵᠦ ᠠᠯᠠᠭᠠᠳ ᠲᠡᠨᠳᠡ ᠬᠦᠷᠢᠶ᠎ᠡ ᠪᠠᠭᠤᠪᠠ ᠃ ᠰᠥᠨᠢ ᠳᠥᠷᠪᠡᠨ ᠪᠠᠭ᠎ᠠ ᠡᠵᠡᠳ ᠦ᠋ᠨ ᠠᠮᠤᠷ ᠴᠡᠷᠢᠭ ᠢ᠋ ᠳᠥᠷᠪᠡᠨ ᠠᠩᠭᠢ ᠰᠠᠯᠭᠠᠵᠤ ᠂ ᠬᠡᠷᠡᠢᠳ ᠦ᠋ᠨ ᠵᠠᠮᠤᠬ᠎ᠠ ᠠᠭᠤᠯᠠᠨ᠎ᠠ ᠪᠠᠭᠤᠳᠠᠯᠯᠠᠭᠰᠠᠨ ᠴᠡᠷᠢᠭ ᠦ᠋ᠨ ᠳᠥᠷᠪᠡᠨ ᠡᠲᠡᠭᠡᠳ ᠪᠦᠭᠭᠦᠭᠰᠡᠨ ᠴᠡᠷᠢᠭ ᠦ᠋ᠨ ᠪᠠᠢᠳᠠᠯ ᠢ᠋ᠶ᠋ᠠᠷ ᠰᠡᠵᠢᠭᠯᠡᠭᠦᠯᠦᠨ ᠂ ᠨᠢᠭᠡᠨ ᠡᠳᠦᠷ ᠥᠩᠭᠡᠷᠡᠵᠦ ᠂ ᠲᠠᠢᠽᠦ ᠮᠤᠬᠤᠯᠢ ᠬᠣᠶᠠᠭᠤᠯᠠ ᠬᠣᠶᠠᠷ ᠳᠠᠰᠢ ᠰᠠᠯᠵᠤ ᠂ ᠬᠡᠷᠡᠢᠳ ᠦ᠋ᠨ ᠴᠡᠷᠢᠭ ᠢ᠋ ᠬᠣᠶᠠᠷ ᠵᠠᠮ ᠢ᠋ᠶ᠋ᠠᠷ ᠮᠥᠨ ᠰᠥᠨᠢ ᠬᠦᠷᠢᠶ᠎ᠡ ᠳᠠᠷᠤᠨ ᠪᠠᠢᠯᠳᠤᠬᠤ ᠪᠠᠷ ᠲᠣᠭᠲᠠᠪᠠᠢ ᠃
ᠲᠡᠭᠦᠨᠴᠡ ᠬᠡᠷᠡᠢᠳ ᠦ᠋ᠨ ᠸᠠᠩ ᠬᠠᠭᠠᠨ ᠤ᠋ ᠶᠡᠬᠡ ᠴᠡᠷᠢᠭ ᠶᠠᠮᠠᠲᠤ ᠠᠭᠤᠯᠠᠨ ᠤ᠋ ᠥᠪᠥᠷ ᠲᠣᠷ ᠪᠠᠭᠤᠳᠠᠯᠯᠠᠨ ᠬᠣᠶᠠᠷ ᠬᠣᠨᠣᠭ ᠪᠣᠯᠵᠤ ᠂ ᠳᠥᠷᠪᠡᠨ ᠵᠦᠭ ᠲᠦ᠍ᠷ ᠬᠥᠮᠦᠨ ᠭᠠᠷᠭᠠᠨ ᠲᠤᠷᠰᠢᠭᠤᠯᠪᠠᠰᠤ ᠢᠷᠡᠵᠦ ᠮᠡᠳᠡᠭᠦᠯᠬᠦ ᠢᠨᠤ :ᠳᠥᠷᠪᠡᠨ ᠵᠦᠭ ᠦ᠋ᠨ ᠭᠣᠣᠯ ᠵᠡᠪᠡ ᠳ᠋ᠦ᠍ᠷ ᠪᠸᠲ᠋ᠠ᠋ ᠤᠯᠤᠰ ᠤ᠋ᠨ ᠴᠡᠷᠢᠭ ᠦᠭᠡᠢ ᠭᠠᠵᠠᠷ ᠦᠭᠡᠢ ᠂ ᠬᠣᠯᠠ ᠣᠢᠷ᠎ᠠ ᠬᠠᠰᠬᠢᠷᠠᠬᠤ ᠳᠠᠭᠤᠨ ᠲᠠᠰᠤᠷᠠᠬᠤ ᠦᠭᠡᠢ ᠂ ᠮᠠᠨ ᠤ᠋ ᠨᠥᠬᠥᠭᠡ ᠭᠤᠷᠪᠠᠨ ᠰᠠᠯᠠᠭᠠᠨ ᠤ᠋ ᠴᠡᠷᠢᠭ ᠦ᠋ᠨ ᠠᠷᠠᠳ ᠠᠭᠤᠯᠠᠨ ᠳ᠋ᠤᠷ ᠲᠥᠭᠡᠷᠢᠨ ᠶᠠᠪᠤᠬᠤ ᠠᠨᠤ ᠮᠠᠰᠢ ᠣᠯᠠᠨ ᠂ ᠠᠯᠢᠨ ᠠ᠋ᠴᠠ ᠠᠰᠠᠭᠤᠪᠠᠰᠤ ᠴᠥᠮ ᠪᠸᠲ᠋ᠠ᠋ ᠤᠯᠤᠰ ᠤ᠋ᠨ ᠴᠡᠷᠢᠭ ᠲᠦ᠍ᠷ ᠳᠠᠷᠤᠭᠳᠠᠪᠠ ᠬᠡᠮᠡᠯᠳᠦᠮᠦᠢ ᠬᠡᠮᠡᠭᠰᠡᠨ᠎ᠡ ᠸᠠᠩ ᠬᠠᠭᠠᠨ ᠂ ᠬᠤᠸᠠᠩ ᠲᠠᠢᠽᠢ ᠂ ᠵᠠᠮᠤᠬ᠎ᠠ ᠶᠤᠸᠠᠨᠱᠤᠸᠠᠢ ᠂ ᠭᠦᠷᠡᠯᠵᠡᠭᠡᠨ᠎ᠡ ᠴᠧᠩᠰᠢᠶᠠᠩ ᠨᠠᠷ ᠬᠠᠷᠠᠬᠠᠨ ᠬᠡᠷᠬᠢᠬᠦ ᠪᠡᠨ ᠣᠯᠬᠤ ᠦᠭᠡᠢ ᠰᠡᠵᠢᠭᠯᠡᠯᠴᠡᠨ ᠪᠥᠬᠥᠶ᠎ᠡ ᠂ ᠰᠥᠨᠢ ᠭᠤᠷᠪᠠᠨ ᠵᠢᠩ ᠦ᠋ᠨ ᠦᠶ᠎ᠡ ᠭᠡᠨᠡᠳᠲᠡ ᠫᠤᠤ ᠶ᠋ᠢᠨ ᠳᠠᠭᠤᠨ ᠳ᠋ᠤᠷ ᠲᠡᠭᠷᠢ ᠭᠠᠵᠠᠷ ᠳᠡᠯᠪᠡᠷᠡᠬᠦ ᠮᠡᠲᠦ ᠂ ᠬᠡᠩᠭᠡᠷᠭᠡ ᠶ᠋ᠢᠨ ᠳᠦᠴᠢᠭᠢᠨᠡᠬᠦᠢ ᠳ᠋ᠦ᠍ᠷ ᠠᠭᠤᠯᠠ ᠬᠠᠳᠠ ᠠᠨᠢᠷᠯᠠᠵᠤ ᠂ ᠬᠠᠰᠬᠢᠷᠬᠤ ᠳᠠᠭᠤᠨ ᠳ᠋ᠤᠷ ᠭᠣᠣᠯ ᠵᠡᠪᠡ ᠳᠦᠩᠭᠢᠨᠡᠵᠦ ᠳᠥᠷᠪᠡᠨ ᠵᠦᠭ ᠰᠠᠮᠠᠭᠤᠷᠠᠵᠤ ᠂ ᠠᠯᠢ ᠵᠦᠭ ᠡᠴᠡ ᠢᠷᠡᠬᠦ ᠶ᠋ᠢ ᠣᠯᠬᠤᠶ᠎ᠠ ᠪᠡᠷᠬᠡ ᠪᠣᠯᠤᠭᠠᠳ ᠶᠡᠬᠡ ᠭᠡᠷᠡᠯ ᠡᠷᠭᠦᠵᠦ ᠂ ᠲᠦᠳᠡᠭ ᠭᠠᠯ ᠰᠢᠲᠠᠭᠠᠨ ᠠᠭᠤᠯᠠᠨ ᠤ᠋ ᠡᠪᠡᠰᠦ ᠶ᠋ᠢ ᠬᠠᠳᠤᠵᠤ ᠪᠠᠭᠯᠠᠭᠠᠳ ᠬᠡᠷᠡᠢᠳ ᠦ᠋ᠨ ᠬᠦᠷᠢᠶ᠎ᠡ ᠶ᠋ᠢ ᠭᠠᠯᠳᠠᠵᠤ ᠡᠪᠳᠡᠭᠡᠳ ᠠᠯᠠᠨ ᠣᠷᠣᠵᠤ ᠢᠷᠡᠭᠰᠡᠨ ᠳ᠋ᠦ᠍ᠷ ᠬᠡᠷᠡᠢᠳ ᠦ᠋ᠨ ᠶᠡᠬᠡ ᠴᠡᠷᠢᠭ ᠳᠦᠯᠢᠢᠨ ᠳᠣᠪᠲᠣᠯᠤᠭᠰᠠᠨ ᠲᠤᠯᠠ ᠬᠥᠮᠦᠨ ᠤᠳᠠᠭᠠᠨ ᠮᠣᠷᠢ ᠬᠠᠱᠠᠩ ᠪᠣᠯᠵᠤ ᠂ ᠪᠠᠢᠯᠳᠤᠨ ᠴᠢᠳᠠᠬᠤ ᠦᠭᠡᠢ ᠶ᠋ᠢ ᠴᠦ᠍ ᠪᠠᠢᠲᠤᠭᠠᠢ ᠂ ᠮᠥᠨ ᠬᠠᠮᠠᠭᠠᠯᠠᠨ ᠴᠢᠳᠠᠬᠤ ᠴᠤ᠌ ᠦᠭᠡᠢ ᠪᠤᠷᠬᠢᠷᠠᠯᠳᠤᠨ ᠰᠠᠮᠠᠭᠤᠷᠠᠵᠤ ᠂ ᠳᠥᠷᠪᠡᠨ ᠵᠦᠭ ᠰᠠᠷᠨᠢᠨ ᠪᠤᠷᠤᠭᠤᠯᠠᠯᠴᠠᠪᠠ ᠃ ᠪᠸᠲ᠋ᠠ᠋ ᠤᠯᠤᠰ ᠤ᠋ᠨ ᠳᠥᠷᠪᠡᠨ ᠵᠠᠮ ᠤ᠋ᠨ ᠴᠡᠷᠢᠭ ᠬᠠᠮᠲᠤ ᠪᠠᠷ ᠣᠷᠣᠵᠤ ᠸᠠᠩ ᠬᠠᠭᠠᠨ ᠤ᠋ ᠶᠡᠬᠡ ᠪᠠᠭᠤᠳᠠᠯ ᠢ᠋ ᠲᠥᠭᠥᠷᠢᠭᠯᠡᠨ ᠬᠠᠭᠠᠵᠤ : 《ᠸᠠᠩ ᠬᠠᠭᠠᠨ ᠢ᠋ ᠠᠮᠢᠳᠤ ᠪᠠᠷᠢᠭ᠍ᠰᠠᠨ ᠬᠥᠮᠦᠨ ᠳ᠋ᠦ᠍ᠷ ᠮᠢᠩᠭᠠᠨ ᠠᠭᠲᠠ ᠂ ᠮᠢᠩᠭᠠᠨ ᠯᠠᠩ ᠮᠥᠩᠭᠥ ᠂ ᠮᠢᠩᠭᠠᠨ ᠡᠷᠦᠬᠡ ᠶ᠋ᠢᠨ ᠨᠣᠶᠠᠨ ᠡᠷᠭᠦᠮᠵᠢᠯᠡᠮᠦᠢ ! 》 ᠭᠡᠮᠡᠨ ᠬᠠᠰᠬᠢᠷᠬᠤ ᠳᠠᠭᠤᠨ ᠳᠠᠯᠠᠢ ᠪᠤᠴᠠᠯᠬᠤ ᠮᠡᠲᠦ ᠳ᠋ᠦ᠍ᠷ ᠸᠠᠩ ᠬᠠᠭᠠᠨ ᠮᠠᠯᠠᠭ᠎ᠠ ᠳᠡᠪᠡᠯ ᠢ᠋ᠶ᠋ᠡᠨ ᠲᠠᠢᠯᠵᠤ ᠭᠡᠭᠡᠭᠡᠳ ᠰᠤᠯᠠ ᠴᠡᠷᠢᠭ ᠦ᠋ᠨ ᠰᠦᠷᠦᠭ ᠲᠦ᠍ᠷ ᠣᠷᠣᠵᠤ ᠂ ᠵᠢᠭᠤᠷᠠᠯᠳᠤᠨ ᠳᠤᠲᠠᠭᠠᠵᠤ ᠰᠢᠪᠲᠤᠯᠤᠨ ᠭᠠᠷᠬᠤᠶ᠎ᠠ ᠂ ᠪᠠᠷᠠᠭᠤᠨ ᠡᠲᠡᠭᠡᠳ ᠡᠴᠡ ᠪᠠᠰᠠ ᠶᠡᠬᠡ ᠲᠦᠢᠮᠡᠷ ᠰᠢᠲᠠᠭᠠᠵᠤ ᠂ ᠨᠢᠭᠡᠨ ᠠᠩᠭᠢ ᠴᠡᠷᠢᠭ ᠣᠷᠣᠵᠤ ᠢᠷᠡᠭᠰᠡᠨ ᠳ᠋ᠦ᠍ᠷ ᠸᠠᠩ ᠬᠠᠭᠠᠨ ᠤ᠋ ᠰᠠᠬᠠᠯ ᠦᠰᠦ ᠴᠥᠮ ᠰᠢᠲᠠᠵᠤ ᠂ ᠳᠡᠪᠡᠯ ᠬᠤᠪᠴᠠᠰᠤ ᠨᠡᠢᠲᠡ ᠪᠡᠷ ᠬᠤᠢᠬᠠᠯᠠᠭᠳᠠᠭᠠᠳ ᠣᠯᠠᠨ ᠴᠡᠷᠢᠭ ᠦ᠋ᠨ ᠮᠣᠷᠢᠨ ᠤ᠋ ᠬᠥᠯ ᠂ ᠳᠡᠯ ᠰᠡᠭᠦᠯ ᠴᠥᠮ ᠰᠢᠷᠠᠮᠳᠠᠭᠯᠠᠵᠤ ᠂ ᠴᠢᠨᠣ᠎ᠠ ᠣᠯᠢᠵᠤ ᠥᠲᠡᠭᠡ ᠪᠠᠷᠬᠢᠷᠠᠨ ᠂ ᠪᠸᠲ᠋ᠠ᠋ ᠤᠯᠤᠰ ᠤ᠋ᠨ ᠴᠡᠷᠢᠭ ᠭᠠᠯ ᠤ᠋ᠨ ᠬᠣᠢᠨ᠎ᠠ ᠠ᠋ᠴᠠ ᠳᠠᠭᠠᠵᠤ ᠰᠠᠯᠬᠢᠨ ᠤ᠋ ᠳᠡᠭᠡᠷ᠎ᠡ ᠶᠠᠪᠤᠵᠤ ᠂ ᠬᠡᠷᠡᠢᠳ ᠦ᠋ᠨ ᠴᠡᠷᠢᠭ ᠦ᠋ᠨ ᠰᠡᠭᠦᠯ ᠢ᠋ ᠳᠠᠷᠤᠨ ᠠᠯᠠᠨ ᠣᠷᠣᠪᠠ ᠃ ᠡᠨᠡ ᠨᠢᠭᠡᠨ ᠰᠥᠨᠢ ᠶ᠋ᠢᠨ ᠪᠠᠢᠯᠳᠤᠭᠠᠨ ᠳ᠋ᠤᠷ ᠦᠬᠦᠭᠰᠡᠨ ᠶᠠᠰᠤ ᠶᠠᠮᠠᠲᠤ ᠶ᠋ᠢᠨ ᠲᠠᠯ᠎ᠠ ᠳ᠋ᠤᠷ ᠬᠥᠨᠳᠡᠯᠡᠨ ᠭᠤᠯᠳᠤ ᠬᠡᠪᠲᠡᠵᠦ ᠂ ᠴᠢᠳᠬᠥᠷ ᠤᠬᠢᠯᠠᠨ ᠬᠤᠪᠢᠯᠭᠠᠨ ᠪᠠᠷᠬᠢᠷᠠᠵᠤ ᠂ ᠦᠨᠡᠭᠡ ᠬᠤᠴᠠᠵᠤ ᠪᠠᠷᠰ ᠣᠷᠬᠢᠷᠠᠨ ᠂ ᠥᠬᠢᠳ ᠤᠬᠢᠯᠠᠨ ᠡᠬᠡᠨᠡᠷ ᠡᠭᠡᠭᠯᠡᠵᠦ ᠂ ᠠᠰᠤᠷᠤ ᠵᠢᠭᠲᠡᠢ ᠰᠦᠷᠡᠬᠡᠢ ᠂ ᠠᠭᠤᠯᠠ ᠬᠠᠳᠠ ᠶ᠋ᠢᠨ ᠵᠠᠪᠰᠠᠷ ᠲᠤᠷ ᠴᠡᠷᠢᠭ ᠦ᠋ᠨ ᠦᠬᠦᠳᠡᠯ ᠂ ᠮᠣᠳᠣᠨ ᠤ᠋ ᠦᠨᠳᠦᠰᠦᠨ ᠳ᠋ᠦ᠍ᠷ ᠴᠦ᠍ ᠴᠡᠷᠢᠭ ᠦ᠋ᠨ ᠬᠡᠭᠦᠷ ᠪᠣᠯᠵᠤᠬᠤᠢ ᠃
ᠵᠢᠴᠢ ᠥᠷᠯᠥᠭᠡ ᠲᠠᠢᠽᠦ ᠨᠢᠭᠡᠨᠲᠡᠭᠡᠭᠦᠷ ᠦᠯᠬᠦ ᠰᠠᠢᠳ ᠂ ᠪᠠᠶᠠᠨ ᠬᠢᠶ᠎ᠡ ᠬᠣᠶᠠᠭᠤᠯᠠ ᠳ᠋ᠤᠷ ᠨᠢᠭᠡᠨ ᠮᠢᠩᠭᠠᠨ ᠴᠡᠷᠢᠭ ᠦᠯᠡᠳᠡᠭᠡᠨ ᠥᠭᠴᠦ ᠬᠡᠷᠡᠢᠳ ᠦ᠋ᠨ ᠴᠡᠷᠢᠭ ᠦ᠋ᠨ ᠶᠠᠰᠤᠨ ᠢ᠋ ᠪᠤᠯᠠᠭᠤᠯᠵᠤ ᠂ ᠬᠡᠷᠡᠢᠳ ᠦ᠋ᠨ ᠸᠠᠩ ᠬᠠᠭᠠᠨ ᠤ᠋ ᠶᠡᠬᠡ ᠪᠠᠭᠤᠳᠠᠯ ᠪᠠ ᠬᠦᠷᠢᠶ᠎ᠡ ᠬᠣᠲᠠᠨ ᠢ᠋ ᠪᠦᠷᠢᠨ᠎ᠡ ᠬᠤᠷᠢᠶᠠᠯᠭᠠᠨ ᠂ ᠬᠤᠶᠠᠭ ᠵᠡᠪᠰᠡᠭ ᠢ᠋ ᠲᠡᠭᠦᠯᠭᠡᠵᠦ ᠂ ᠨᠢᠭᠡᠨᠲᠡᠭᠡᠭᠦᠷ ᠭᠡᠭᠡᠷᠡᠮᠡᠭᠴᠡ ᠳᠠᠷᠤᠢ ᠮᠤᠬᠤᠯᠢ ᠯᠤᠭ᠎ᠠ ᠬᠡᠩᠭᠡᠷᠭᠡ ᠳᠡᠯᠡᠳᠴᠦ ᠨᠡᠬᠡᠵᠦ ᠣᠷᠣᠪᠠ ᠃
ᠲᠡᠭᠦᠨᠴᠡ ᠸᠠᠩ ᠬᠠᠭᠠᠨ ᠢᠷᠡᠭᠰᠡᠨ ᠵᠠᠮ ᠢ᠋ᠶ᠋ᠠᠷ ᠳᠣᠪᠲᠣᠯᠤᠨ ᠳᠤᠲᠠᠭᠠᠵᠤ᠂ ᠨᠠᠷᠠᠨ ᠭᠠᠷᠬᠤ ᠦᠶ᠎ᠡ ᠳ᠋ᠦ᠍ᠷ ᠳᠡᠰ ᠠᠭᠤᠯᠠ ᠶ᠋ᠢᠨ ᠠᠮᠠᠨ ᠢ᠋ ᠭᠠᠷᠴᠤ ᠨᠠᠷᠠᠨ ᠳᠡᠭᠳᠡᠬᠦ ᠬᠢᠷᠢ ᠰᠠᠶᠢ ᠪᠠᠬᠠᠨ ᠰᠡᠭᠬᠢᠰᠦᠭᠡᠢ ᠭᠡᠮᠡᠨ ᠮᠣᠷᠢᠨ ᠤ᠋ ᠡᠮᠡᠭᠡᠯ ᠢ᠋ ᠵᠠᠰᠠᠭᠤᠯᠵᠤ᠂ ᠲᠠᠢᠪᠤᠤ ᠭᠣᠯᠢᠨᠳᠠᠢ ᠶ᠋ᠢᠨ ᠴᠡᠷᠢᠭ ᠲᠦ᠍ᠷ ᠤᠴᠠᠷᠠᠵᠤ ᠂ ᠣᠯᠠᠨ ᠴᠡᠷᠢᠭ ᠢ᠋ᠶ᠋ᠡᠨ ᠪᠤᠳᠠᠭᠠᠯᠠᠵᠤ ᠪᠠᠢᠲᠠᠯ᠎ᠠ ᠭᠡᠨᠡᠳᠲᠡ ᠲᠣᠷᠭᠠᠨ ᠰᠢᠷ᠎ᠠ ᠶ᠋ᠢᠨ ᠨᠢᠭᠡᠨ ᠰᠠᠯᠠᠭᠠᠨ ᠤ᠋ ᠴᠡᠷᠢᠭ ᠫᠤᠤ ᠲᠠᠯᠪᠢᠨ ᠬᠡᠩᠭᠡᠷᠭᠡ ᠳᠡᠯᠡᠳᠦᠨ᠂ ᠪᠠᠭ᠎ᠠ ᠰᠤᠵᠠᠭ᠎ᠠ ᠶ᠋ᠢᠨ ᠠᠮᠠᠨ ᠠ᠋ᠴᠠ ᠠᠯᠠᠨ ᠭᠠᠷᠴᠤ ᠢᠷᠡᠪᠡ᠃ ᠡᠭᠦᠨ ᠳ᠋ᠦ᠍ᠷ ᠬᠡᠷᠡᠢᠳ ᠦ᠋ᠨ ᠴᠡᠷᠢᠭ ᠦ᠋ᠨ ᠰᠥᠰᠥ ᠬᠡᠮᠬᠡᠷᠡᠵᠦ᠂ ᠪᠠᠭ᠎ᠠ ᠰᠠᠭ᠎ᠠ ᠬᠦᠷᠢᠶ᠎ᠡ ᠶ᠋ᠢ ᠡᠪᠳᠡᠨ ᠠᠪᠤᠮᠠᠭᠴᠠ ᠢᠷᠡᠭᠰᠡᠨ ᠵᠠᠮ ᠢ᠋ᠶ᠋ᠠᠨ ᠪᠠᠷᠢᠵᠤ ᠰᠢᠭᠤᠳ ᠳᠣᠪᠲᠣᠯᠤᠨ ᠳᠤᠲᠠᠭᠠᠬᠤᠶ᠎ᠠ᠂ ᠲᠣᠷᠭᠠᠨ ᠰᠢᠷ᠎ᠠ ᠶ᠋ᠢᠨ ᠳᠣᠣᠷᠠᠲᠤ ᠴᠡᠷᠢᠭ ᠬᠦᠯᠢᠶᠡᠵᠦ ᠤᠳᠠᠭᠰᠠᠨ ᠤ᠋ ᠳᠡᠭᠡᠷ᠎ᠡ᠂ ᠪᠠᠰᠠ ᠶᠡᠬᠡ ᠱᠠᠩ ᠤ᠋ᠨ ᠵᠠᠷ ᠨᠢᠭᠡᠨᠲᠡ ᠭᠠᠷᠤᠭᠰᠠᠨ ᠲᠤᠯᠠ ᠡᠨᠡ ᠴᠡᠷᠢᠭ ᠦ᠋ᠨ ᠨᠡᠬᠡᠵᠦ ᠠᠯᠠᠬᠤ ᠠᠨᠤ ᠬᠣᠨᠢᠨ ᠤ᠋ ᠰᠦᠷᠦᠭ ᠲᠣᠷ ᠭᠠᠯᠵᠠᠭᠤ ᠪᠠᠷᠰ ᠣᠷᠣᠭᠰᠠᠨ ᠮᠡᠲᠦ ᠪᠣᠯᠵᠤ ᠂ ᠬᠣᠷᠢᠨ ᠭᠠᠵᠠᠷ ᠢᠯᠡᠭᠦᠦ ᠨᠡᠬᠡᠵᠦ ᠠᠯᠠᠪᠠ᠃ ᠡᠨᠡ ᠵᠠᠪᠰᠠᠷ᠎ᠠ ᠲᠠᠢᠽᠦ ᠶ᠋ᠢᠨ ᠪᠡᠶ᠎ᠡ ᠪᠠᠰᠠ ᠪᠣᠯᠣᠳ ᠬᠦᠴᠦᠲᠦ ᠴᠡᠷᠢᠭ ᠢ᠋ᠶ᠋ᠡᠨ ᠠᠪᠴᠤ ᠠᠯᠠᠨ ᠬᠦᠷᠴᠦ ᠢᠷᠡᠪᠡ᠃ ᠬᠡᠷᠡᠢᠳ ᠦ᠋ᠨ ᠴᠡᠷᠢᠭ ᠦᠬᠦᠨ ᠤᠨᠠᠨ ᠳᠤᠲᠠᠭᠠᠬᠤᠶ᠎ᠠ᠂ ᠪᠠᠰᠠ ᠪᠠᠢᠨ ᠪᠠᠢᠨ ᠥᠪᠡᠷ ᠦ᠋ᠨ ᠨᠥᠭᠥᠭᠡ ᠳᠥᠷᠪᠡᠨ ᠠᠩᠭᠢ ᠴᠡᠷᠢᠭ ᠦ᠋ᠨ ᠤᠷᠢᠳᠠ ᠲᠣᠭᠲᠠᠭᠠᠭᠰᠠᠨ ᠯᠤᠭ᠎ᠠ ᠤᠴᠠᠷᠠᠪᠠᠰᠤ ᠪᠠᠰᠠ ᠪᠸᠲ᠋ᠠ᠋ ᠤᠯᠤᠰ ᠤ᠋ᠨ ᠴᠡᠷᠢᠭ ᠬᠡᠮᠡᠵᠦ ᠠᠶᠤᠨ ᠶᠠᠪᠤᠭᠰᠠᠭᠠᠷ ᠨᠢᠭᠡᠨ ᠬᠣᠨᠣᠭ ᠤ᠋ᠨ ᠵᠠᠮ ᠭᠠᠷᠲᠠᠯ᠎ᠠ ᠯᠢᠩᠬᠤᠸᠠᠲᠤ ᠨᠠᠭᠤᠷ ᠬᠡᠮᠡᠬᠦ ᠭᠠᠵᠠᠷ ᠤ᠋ᠨ ᠭᠦᠨ ᠡᠪᠡᠰᠦᠨ ᠡᠴᠡ ᠪᠠᠰᠠ ᠫᠤᠤ ᠳᠠᠭᠤᠷᠢᠰᠴᠤ ᠬᠡᠩᠭᠡᠷᠭᠡ ᠳᠡᠯᠡᠳᠦᠨ ᠬᠦᠯᠦᠭ ᠴᠢᠯᠠᠭᠤᠨ ᠤ᠋ ᠴᠡᠷᠢᠭ ᠭᠠᠷᠴᠤ ᠬᠥᠨᠳᠡᠯᠢᠳᠪᠡ᠃ ᠸᠠᠩ ᠬᠠᠭᠠᠨ ᠬᠠᠷᠠᠬᠠᠨ ᠬᠡᠷᠬᠢᠬᠦ ᠪᠡᠨ ᠣᠯᠬᠤ ᠦᠭᠡᠢ ᠪᠥᠬᠥᠶ᠎ᠡ ᠂ ᠲᠠᠢᠽᠦ ᠶ᠋ᠢᠨ ᠲᠤᠤ ᠮᠣᠷᠢᠨ ᠳᠡᠳ᠋ ᠬᠠᠭᠠᠯᠭᠠᠨ ᠤ᠋ ᠪᠣᠯᠣᠳ ᠬᠦᠴᠦᠲᠦ ᠴᠡᠷᠢᠭ ᠢ᠋ ᠠᠪᠴᠤ ᠪᠠᠰᠠ ᠨᠡᠬᠡᠨ ᠬᠦᠷᠴᠦ ᠢᠷᠡᠭᠰᠡᠨ ᠳ᠋ᠦ᠍ᠷ ᠸᠠᠩ ᠬᠠᠭᠠᠨ ᠢᠳᠡᠰᠢ ᠪᠡᠨ ᠵᠠᠵᠢᠯᠤᠭᠰᠠᠭᠠᠷ ᠪᠠᠭ᠎ᠠ ᠬᠦᠷᠢᠶ᠎ᠡ ᠪᠡᠨ ᠡᠪᠳᠡᠵᠦ ᠂ ᠪᠠᠰᠠ ᠳᠣᠪᠲᠣᠯᠤᠨ ᠪᠤᠷᠤᠭᠤᠯᠠᠵᠤ ᠲᠠᠪᠢᠨ ᠭᠠᠵᠠᠷ ᠭᠠᠷᠲᠠᠯ᠎ᠠ ᠮᠡᠨᠡᠬᠡᠢᠲᠦ ᠮᠠᠩᠬ᠎ᠠ ᠶ᠋ᠢᠨ ᠳᠣᠣᠷ᠎ᠠ ᠠ᠋ᠴᠠ ᠫᠤᠤ ᠳᠠᠭᠤᠷᠢᠰᠤᠨ ᠪᠠᠰᠠ ᠨᠢᠭᠡᠨ ᠰᠠᠯᠠᠭᠠᠨ ᠤ᠋ ᠴᠡᠷᠢᠭ ᠢᠷᠡᠭᠰᠡᠨ ᠳ᠋ᠦ᠍ᠷ ᠸᠠᠩ ᠬᠠᠭᠠᠨ ᠤ᠋ ᠰᠦᠨᠡᠰᠦ ᠰᠠᠷᠨᠢᠵᠤ ᠰᠥᠰᠥ ᠬᠡᠮᠬᠡᠷᠡᠭᠡᠳ ᠢᠳᠡᠵᠦ ᠪᠠᠢᠭᠰᠠᠨ ᠬᠤᠷᠤᠳ ᠬᠡᠮᠡᠯᠢᠵᠦ ᠪᠠᠢᠭᠰᠠᠨ ᠪᠢᠰᠢᠯᠠᠭ ᠢ᠋ᠶ᠋ᠠᠨ ᠴᠥᠮ ᠭᠠᠵᠠᠷ ᠲᠤᠷ ᠠᠯᠳᠠᠵᠤ ᠳᠠᠭᠤᠨ ᠭᠠᠷᠴᠤ ᠥᠭᠦᠯᠡᠷᠦᠨ : 《ᠬᠠᠢᠷᠠᠬᠠᠨ ᠬᠠᠭᠠᠨ ᠪᠡᠶ᠎ᠡ ᠮᠢᠨᠦ ᠬᠠᠭᠴᠠᠯ ᠥᠭᠡᠶ᠎ᠡ ᠥᠭᠦᠮᠦᠶᠡ ! 》ᠭᠡᠮᠡᠨ ᠣᠭᠲᠣ ᠪᠠᠢᠯᠳᠤᠯ ᠦᠭᠡᠢ ᠪᠡᠷ ᠳᠤᠲᠠᠭᠠᠬᠤᠶ᠎ᠠ᠂ ᠲᠡᠷᠡ ᠴᠡᠷᠢᠭ ᠬᠡᠳᠦᠢᠨᠡᠢ ᠠᠯᠠᠨ ᠬᠦᠷᠴᠦ ᠢᠷᠡᠭᠡᠳ ᠬᠣᠢᠲᠤ ᠬᠠᠭᠠᠰ ᠢ᠋ ᠲᠠᠰᠤ ᠴᠣᠬᠢᠨ ᠣᠷᠣᠵᠤ ᠂ ᠶᠠᠪᠠᠭᠠᠨ ᠪᠠᠭᠤᠳᠠᠯ ᠤ᠋ᠨ ᠴᠡᠷᠢᠭ ᠦ᠋ᠨ ᠠᠴᠢᠶ᠎ᠠ ᠬᠥᠰᠬᠡ᠂ ᠢᠳᠡᠰᠢ ᠤᠤᠭᠤᠰᠢ ᠴᠥᠮ ᠠᠪᠲᠠᠵᠤ ᠂ ᠬᠠᠭᠠᠨ ᠤ᠋ ᠡᠯᠳᠡᠪ ᠵᠦᠢᠯ ᠦ᠋ᠨ ᠡᠳ᠋ᠯᠡᠪᠦᠷᠢ ᠂ ᠪᠣᠭᠳᠠ ᠶ᠋ᠢᠨ ᠵᠡᠪᠰᠡᠭ ᠂ ᠲᠡᠭᠷᠢ ᠶ᠋ᠢᠨ ᠬᠥᠪᠡᠭᠦᠨ ᠦ᠌ ᠵᠢᠭ᠍ᠰᠠᠭᠠᠯ ᠤ᠋ᠨ ᠰᠢᠭᠦᠷ ᠬᠠᠯᠬᠠᠪᠴᠢ ᠂ ᠬᠥᠮᠦᠨ ᠦ᠌ ᠡᠵᠡᠨ ᠦ᠌ ᠬᠥᠭᠵᠢᠮ ᠦ᠋ᠨ ᠰᠠᠪᠠ ᠵᠡᠪᠰᠡᠭ ᠢ᠋ ᠵᠠᠮ ᠲᠠᠯ᠎ᠠ ᠳ᠋ᠤᠷ ᠣᠷᠬᠢᠯᠴᠠᠵᠤ ᠂ ᠪᠸᠲ᠋ᠠ᠋ ᠤᠯᠤᠰ ᠤ᠋ᠨ ᠲᠠᠨᠢᠬᠤ ᠦᠭᠡᠢ ᠶᠠᠭᠤᠮ᠎ᠠ ᠶ᠋ᠢᠨ ᠵᠦᠢᠯ ᠮᠠᠰᠢ ᠠᠷᠪᠢᠨ ᠂ ᠦᠵᠡᠰᠡ ᠪᠤᠭᠤᠷᠤᠯ ᠤ᠋ᠨ ᠴᠡᠷᠢᠭ ᠡᠨᠳᠡ ᠬᠦᠯᠢᠶᠡᠨ ᠭᠡᠨᠡᠳᠲᠡ ᠭᠠᠷᠴᠤ ᠢᠷᠡᠭᠡᠳ ᠬᠡᠷᠡᠢᠳ ᠦ᠋ᠨ ᠬᠦᠨᠳᠦ ᠴᠢᠬᠤᠯᠠ ᠶ᠋ᠢ ᠴᠥᠮ ᠣᠯᠵᠠᠯᠠᠭᠰᠠᠨ ᠠᠵᠤᠭᠤ ᠃
ᠲᠡᠳᠦᠢ ᠸᠠᠩ ᠬᠠᠭᠠᠨ ᠮᠣᠷᠢᠨ ᠳᠡᠭᠡᠷ᠎ᠡ ᠪᠡᠨ ᠶᠣᠢᠯᠠᠵᠤ ᠶᠣᠪᠰᠢᠨ ᠤᠬᠢᠯᠠᠵᠤ ᠭᠢᠩᠰᠢᠭᠰᠡᠭᠡᠷ ᠪᠤᠷᠬᠠᠨ ᠭᠠᠯᠳᠤᠨ᠎ᠠ ᠶ᠋ᠢᠨ ᠡᠮᠦᠨ᠎ᠡ ᠵᠠᠭᠤᠨ ᠭᠠᠵᠠᠷ ᠤ᠋ᠨ ᠦᠵᠦᠭᠦᠷ ᠪᠦᠬᠦᠢ ᠪᠠᠶᠠᠨ ᠬᠠᠷ᠎ᠠ ᠂ ᠮᠡᠷᠭᠡᠨ ᠳᠣᠪᠣ ᠬᠡᠮᠡᠬᠦ ᠬᠣᠶᠠᠷ ᠤ᠋ᠨ ᠵᠠᠪᠰᠠᠷ᠎ᠠ ᠬᠦᠷᠲᠡᠯ᠎ᠡ ᠳᠣᠭᠲᠣᠩᠭᠣ᠌ ᠪᠠᠭᠠᠲᠤᠷ ᠤ᠋ᠨ ᠪᠠᠭ᠎ᠠ ᠱᠠᠪᠢᠨᠠᠷ ᠤ᠋ᠨ ᠴᠡᠷᠢᠭ ᠭᠠᠷᠴᠤ ᠪᠠᠰᠠ ᠨᠢᠭᠡᠨ ᠵᠡᠷᠭᠡ ᠪᠠᠢᠯᠳᠤᠵᠤ ᠂ ᠬᠤᠶᠠᠭ ᠳᠤᠭᠤᠯᠠᠭ᠎ᠠ ᠂ ᠵᠠᠷ ᠵᠡᠪᠰᠡᠭ ᠂ ᠡᠮᠡᠭᠡᠯ ᠬᠠᠵᠠᠭᠠᠷ ᠂ ᠲᠤᠭ ᠳᠠᠯᠪᠠᠭ᠎ᠠ ᠶ᠋ᠢ ᠶᠡᠬᠡᠯ᠎ᠡ ᠣᠯᠵᠠᠯᠠᠵᠤ ᠂ ᠸᠠᠩ ᠬᠠᠭᠠᠨ ᠴᠠᠭᠠᠵᠠ ᠵᠠᠷᠯᠠᠵᠤ ᠂ ᠠᠯᠢᠪᠠ ᠦᠯᠡᠭᠰᠡᠨ ᠬᠥᠰᠬᠡ ᠶ᠋ᠢ ᠴᠥᠮ ᠭᠡᠭᠡᠯᠭᠡᠵᠦ ᠂ ᠪᠸᠲ᠋ᠠ᠋ ᠤᠯᠤᠰ ᠤ᠋ᠨ ᠣᠯᠠᠨ ᠴᠡᠷᠢᠭ ᠦ᠋ᠨ ᠲᠡᠮᠡᠴᠡᠯᠳᠦᠨ ᠪᠤᠯᠢᠶᠠᠯᠳᠤᠬᠤ ᠴᠢᠯᠦᠭᠡᠨ᠎ᠡ ᠪᠠᠰᠠ ᠵᠣᠭ᠍ᠵᠢᠨ ᠭᠠᠷᠴᠤ ᠡᠴᠢᠪᠡ ᠃ ᠡᠨᠡ ᠢᠨᠤ ᠵᠠᠮᠤᠬ᠎ᠠ ᠶ᠋ᠢᠨ ᠬᠡᠷᠡᠭᠯᠡᠭᠰᠡᠨ ᠴᠠᠭ ᠵᠠᠭᠤᠷ᠎ᠠ ᠶ᠋ᠢᠨ ᠮᠤᠯᠲᠤᠷᠠᠬᠤ ᠠᠷᠭ᠎ᠠ ᠠᠵᠤᠭᠤ ᠃
ᠲᠡᠳᠦᠢ ᠸᠠᠩ ᠬᠠᠭᠠᠨ ᠡᠭ ᠳᠠᠭᠤᠨ ᠲᠠᠯᠪᠢᠵᠤ ᠳᠤᠲᠠᠭᠠᠭᠰᠠᠭᠠᠷ ᠰᠠᠶᠢ ᠪᠠᠬᠠᠨ ᠵᠣᠭ᠍ᠵᠢᠨ ᠭᠠᠷᠴᠤ ᠰᠡᠭᠬᠢᠬᠦᠶᠡ ᠂ ᠴᠡᠷᠢᠭ ᠦ᠋ᠨ ᠭᠠᠨᠵᠤᠭ᠎ᠠ ᠪᠠ ᠡᠪᠦᠷ ᠲᠣᠷ ᠪᠠᠢᠭᠰᠠᠨ ᠠᠭᠠᠷᠤᠤᠯ ᠮᠠᠭᠠᠷᠤᠤᠯ ᠢ᠋ᠶ᠋ᠠᠨ ᠬᠡᠮᠡᠯᠢᠯᠴᠡᠵᠦ᠂ ᠤᠨᠤᠭᠰᠠᠨ ᠮᠣᠷᠢᠳ ᠢ᠋ᠶ᠋ᠠᠨ ᠠᠯᠠᠵᠤ ᠲᠠᠯ᠎ᠠ ᠶ᠋ᠢᠨ ᠡᠪᠡᠰᠦᠨ᠎ᠡ ᠪᠦᠬᠦᠯᠢ ᠪᠡᠷ ᠬᠣᠷᠬᠣᠭᠯᠠᠵᠤ ᠢᠳᠡᠯᠴᠡᠬᠦᠶᠡ ① ᠂ ᠭᠡᠨᠡᠳᠲᠡ ᠪᠠᠰᠠ ᠨᠢᠭᠡᠨ ᠠᠩᠭᠢ ᠴᠡᠷᠢᠭ ᠲᠦ᠍ᠷ ᠲᠣᠰᠤᠭᠳᠠᠪᠠ ᠃ ᠲᠡᠳᠦᠢ ᠸᠠᠩ ᠬᠠᠭᠠᠨ ᠂ ᠬᠤᠸᠠᠩ ᠲᠠᠢᠽᠢ ᠂ ᠴᠧᠩᠰᠢᠶᠠᠩ ᠂ ᠶᠤᠸᠠᠨᠱᠤᠸᠠᠢ ᠨᠠᠷ ᠤ᠋ᠨ ᠬᠣᠭᠣᠯᠠᠢ ᠳ᠋ᠤᠷ ᠮᠣᠷᠢᠨ ᠤ᠋ ᠮᠢᠬ᠎ᠠ ᠲᠡᠭᠡᠭᠯᠡᠵᠦ᠂ ᠦᠯᠡᠭᠰᠡᠨ ᠮᠢᠬ᠎ᠠ ᠪᠠᠨ ᠠᠮᠠᠨ ᠳ᠋ᠠᠭᠠᠨ ᠵᠠᠭᠤᠯᠴᠠᠨ᠂ ᠮᠣᠷᠢ ᠮᠣᠷᠢᠨ ᠳ᠋ᠠᠭᠠᠨ ᠭᠠᠷᠴᠤ ᠳᠤᠲᠠᠭᠠᠯᠴᠠᠬᠤᠶᠠ ᠂ ᠲᠡᠷᠡ ᠴᠡᠷᠢᠭ ᠨᠡᠩ ᠬᠦᠴᠦᠳᠡᠶᠡ ᠬᠥᠭᠡᠭᠡᠬᠦᠢ ᠳ᠋ᠦ᠍ᠷ ᠸᠠᠩ ᠬᠠᠭᠠᠨ ᠤ᠋ ᠴᠡᠷᠢᠭ ᠨᠡᠩ ᠢᠯᠡᠭᠦᠦ ᠭᠦᠶᠦᠵᠦ ᠂ ᠬᠣᠢᠰᠢ ᠬᠠᠷᠠᠵᠤ ᠦᠵᠡᠪᠡᠰᠦ ᠲᠡᠷᠡ ᠴᠡᠷᠢᠭ ᠬᠠᠷᠢᠨ ᠥᠪᠡᠷ ᠦ᠋ᠨ ᠬᠡᠷᠡᠢᠳ ᠤᠯᠤᠰ ᠤ᠋ᠨ ᠤᠷᠢᠳᠠ ᠳᠤᠲᠠᠭᠠᠭᠰᠠᠨ ᠱᠤᠤᠱᠢ ᠦᠬᠡᠷ ᠪᠠᠳᠤᠨ᠎ᠠ᠂ ᠪᠠᠲ᠋ᠠ ᠲᠠᠨ ᠤ᠋ ᠴᠡᠷᠢᠭ ᠠᠵᠤᠭᠤ ᠃ ᠲᠡᠳᠦᠢ ᠰᠠᠶᠢ ᠲᠠᠪᠤ ᠵᠢᠷᠭᠤᠭᠠᠨ ᠭᠠᠵᠠᠷ ᠶᠠᠪᠤᠵᠤ ᠮᠡᠳᠡᠭᠡᠳ ᠬᠠᠬᠠᠵᠤ ᠲᠡᠭᠡᠭᠯᠡᠭᠰᠡᠨ ᠮᠢᠬ᠎ᠠ ᠪᠠᠨ ᠭᠤᠯᠭᠢᠨ ᠭᠠᠷᠭᠠᠯᠴᠠᠵᠤ ᠂ ᠪᠠᠭ᠎ᠠ ᠰᠠᠭ᠎ᠠ ᠬᠦᠨᠡᠰᠦ ᠣᠯᠵᠤ ᠂ ᠪᠦᠭᠦᠳᠡᠭᠡᠷ ᠬᠤᠪᠢᠶᠠᠯᠴᠠᠨ ᠢᠳᠡᠯᠴᠡᠵᠦ ᠂ ᠵᠢᠪᠬᠤᠯᠠᠩ ᠠᠭᠤᠯᠠᠨ ᠤ᠋ ᠪᠠᠯᠠᠷ ᠵᠡᠪᠡ ᠳ᠋ᠦ᠍ᠷ ᠰᠢᠷᠭᠤᠯᠠᠵᠤ ᠂ ᠬᠣᠶᠠᠷ ᠡᠳᠦᠷ ᠬᠣᠶᠠᠷ ᠰᠥᠨᠢ ᠰᠡᠭᠬᠢᠵᠦ ᠬᠡᠪᠲᠡᠯᠴᠡᠶᠡ ᠬᠡᠮᠡᠲᠡᠯ᠎ᠡ ᠭᠡᠨᠡᠳᠲᠡ ᠰᠠᠯᠬᠢᠨ ᠱᠤᠤᠭᠢᠨ ᠡᠯᠡᠰᠦ ᠬᠡᠢᠰᠴᠦ ᠳᠥᠷᠪᠡᠨ ᠵᠦᠭ ᠡᠴᠡ ᠬᠠᠰᠬᠢᠷᠬᠤ ᠳᠠᠭᠤᠨ ᠭᠠᠷᠴᠤ 《ᠤᠴᠢᠷ ᠦᠭᠡᠢ ᠬᠠᠭᠠᠨ ᠴᠣᠯᠠᠲᠤ ᠲᠤᠭᠤᠷᠢᠯ ᠢ᠋ ᠪᠦᠦ ᠭᠠᠷᠭ᠎ᠠ ! 》 ᠭᠡᠮᠡᠨ ᠬᠠᠮᠵᠢᠨ ᠬᠦᠷᠴᠦ ᠢᠷᠩᠰᠡᠨ᠎ᠡ ᠂ ᠸᠠᠩ ᠬᠠᠭᠠᠨ ᠰᠣᠨᠣᠰᠴᠤ ᠶᠠᠭᠠᠷᠠᠨ ᠰᠤᠯᠠ ᠴᠡᠷᠢᠭ ᠦ᠋ᠨ ᠵᠠᠢᠳᠠᠩ ᠮᠣᠷᠢᠨ ᠢ᠋ ᠰᠢᠭᠦᠷᠡᠨ ᠤᠨᠤᠵᠤ ᠂ ᠨᠢᠴᠦᠭᠦᠨ ᠪᠡᠶ᠎ᠡ ᠪᠡᠷ ᠳᠤᠲᠠᠭᠠᠨ ᠭᠠᠷᠪᠠ ᠃ ᠦᠵᠡᠰᠡ ᠪᠤᠭᠤᠷᠤᠯ ᠤ᠋ᠨ ᠴᠡᠷᠢᠭ ᠂ ᠲᠣᠭᠲᠣᠩᠭᠣ᠌ ᠶ᠋ᠢᠨ ᠴᠡᠷᠢᠭ ᠴᠤᠭᠠᠷ ᠨᠡᠬᠡᠨ ᠬᠦᠷᠴᠦ ᠢᠷᠡᠭᠡᠳ ᠬᠠᠭᠠᠵᠤ ᠪᠠᠢᠯᠳᠤᠭᠰᠠᠨ ᠠᠵᠤᠭᠤ ᠃ ᠡᠨᠡ ᠤᠳᠠᠭ᠎ᠠ ᠳ᠋ᠤᠷ ᠨᠡᠢᠲᠡ ᠪᠦᠭᠦᠳᠡᠭᠡᠷ ᠦ᠋ᠨ ᠴᠡᠷᠢᠭ ᠦ᠋ᠨ ᠬᠤᠶᠠᠭ ᠳᠤᠭᠤᠯᠠᠭ᠎ᠠ ᠂ ᠵᠠᠷ ᠵᠡᠪᠰᠡᠭ ᠂ ᠡᠮᠡᠭᠡᠯ ᠬᠠᠵᠠᠭᠠᠷ ᠂ ᠲᠤᠭ ᠳᠠᠯᠪᠠᠭ᠎ᠠ ᠦᠰᠦᠨ ᠦ᠌ ᠲᠡᠳᠦᠢ ᠦᠯᠡᠳᠡᠭᠰᠡᠨ ᠦᠭᠡᠢ ᠪᠤᠯᠲᠤ ᠨᠡᠢᠲᠡ ᠪᠡᠷ ᠠᠪᠲᠠᠵᠤ ᠂ ᠴᠡᠷᠢᠭ ᠮᠥᠨ ᠭᠤᠷᠪᠠᠨ ᠬᠤᠪᠢ ᠬᠣᠬᠢᠷᠠᠵᠤ ᠂ ᠰᠢᠷᠭᠤᠯᠠᠨ ᠳᠤᠲᠠᠭᠠᠭᠰᠠᠭᠠᠷ ᠬᠡᠷᠡᠢᠳ ᠦ᠋ᠨ ᠲᠠᠷᠠᠭ ᠤᠰᠤᠨ ᠤ᠋ ᠵᠠᠬ᠎ᠠ ᠳ᠋ᠤᠷ ᠬᠦᠷᠴᠦ ᠢᠷᠡᠪᠡᠰᠦ ᠂ ᠪᠠᠰᠠ ᠬᠡᠳᠦ ᠬᠡᠳᠦᠨ ᠪᠠᠭ᠎ᠠ ᠤᠯᠤᠰ ᠤ᠋ᠨ ᠡᠵᠡᠳ ᠳᠠᠭᠠᠷ᠎ᠠ ᠢᠷᠡᠭᠡᠳ ᠲᠡᠨᠳᠡ ᠬᠦᠷᠢᠶ᠎ᠡ ᠪᠠᠭᠤᠵᠤ ᠬᠦᠯᠢᠶᠡᠵᠦᠬᠦᠢ ᠃ ᠲᠡᠳᠡᠨ ᠳ᠋ᠦ᠍ᠷ ᠤᠴᠠᠷᠠᠭᠠᠳ ᠸᠠᠩ ᠬᠠᠭᠠᠨ ᠰᠠᠶᠢ ᠠᠭᠤᠵᠢᠷᠠᠵᠤ : 《ᠠᠶ᠎ᠠ ᠲᠡᠭᠷᠢ ᠡᠴᠢᠭᠡ ᠬᠥᠮᠦᠨ ᠦ᠌ ᠵᠠᠮ ᠢ᠋ ᠦᠯᠦ ᠲᠠᠰᠤᠯᠤᠮᠤᠢ ! 》 ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳ ᠭᠡᠨᠡᠳᠲᠡ ᠪᠠᠰᠠ ᠳᠠᠷᠠᠭ᠎ᠠ ᠳᠠᠷᠠᠭ᠎ᠠ ᠪᠠᠷ ᠦᠬᠡᠷ ᠫᠤᠤ ᠶ᠋ᠢᠨ ᠳᠠᠭᠤᠨ ᠳ᠋ᠤᠷ ᠲᠡᠭᠷᠢ ᠭᠠᠵᠠᠷ ᠳᠣᠯᠭᠢᠲᠠᠯᠠ ᠲᠦᠷᠴᠢᠭᠢᠨᠡᠵᠦ ᠂ ᠬᠡᠳᠦᠨ ᠰᠠᠯᠠᠭᠠᠨ ᠤ᠋ ᠴᠡᠷᠢᠭ ᠵᠠᠮ ᠢ᠋ ᠬᠥᠨᠳᠡᠯᠢᠳᠦᠨ ᠲᠤᠰᠤᠭᠰᠠᠨ ᠳ᠋ᠤᠷ ᠸᠠᠩ ᠬᠠᠭᠠᠨ ᠬᠠᠬᠠᠵᠤ ᠪᠥᠭᠡᠨ ᠥᠭᠦᠯᠡᠷᠦᠨ : 《ᠵᠠ ᠡᠨᠡ ᠪᠡᠶ᠎ᠡ ᠣᠳᠣᠬᠠᠨ ᠴᠤ᠌ ᠪᠠᠷᠠᠪᠠ ! 》 ᠬᠡᠮᠡᠲᠡᠯ᠎ᠡ ᠲᠡᠷᠡ ᠶᠡᠬᠡ ᠴᠡᠷᠢᠭ ᠴᠠᠬᠢᠯᠭᠠᠨ ᠮᠡᠲᠦ ᠴᠣᠬᠢᠨ ᠣᠷᠣᠵᠤ ᠢᠷᠡᠭᠡᠳ ᠴᠡᠷᠢᠭ ᠢ᠋ ᠪᠠᠰᠠ ᠬᠣᠶᠠᠷ ᠠᠩᠭᠢ ᠲᠠᠰᠤ ᠴᠠᠪᠴᠢᠨ ᠬᠠᠭᠠᠵᠤ ᠠᠪᠤᠪᠠ ᠃ ᠳᠠᠭᠠᠯᠳᠤᠭ᠎ᠠ ᠪᠠᠷ ᠬᠣᠢᠨ᠎ᠠ ᠠ᠋ᠴᠠ ᠪᠠᠰᠠ ᠬᠡᠳᠦᠢᠴᠢᠨᠡᠭᠡᠨ ᠵᠠᠮ ᠤ᠋ᠨ ᠨᠡᠬᠡᠬᠦ ᠴᠡᠷᠢᠭ ᠬᠠᠰᠬᠢᠷᠤᠯᠴᠠᠨ ᠬᠦᠷᠴᠦ ᠢᠷᠡᠪᠡ ᠃ ᠮᠥᠨ ᠰᠥᠨᠢ ᠭᠤᠷᠪᠠᠨ ᠳᠠᠪᠬᠤᠷ ᠬᠠᠭᠠᠵᠤ ᠠᠪᠤᠭᠠᠳ ᠨᠢᠭᠡᠨ ᠡᠳᠦᠷ ᠪᠣᠯᠵᠤ ᠨᠠᠷᠠᠨ ᠰᠢᠩᠭᠡᠬᠦ ᠬᠢᠷᠢ ᠳ᠋ᠦ᠍ᠷ ᠲᠠᠢᠽᠦ ᠶ᠋ᠢᠨ ᠴᠡᠷᠢᠭ ᠪᠠᠰᠠ ᠭᠦᠢᠴᠡᠨ ᠬᠦᠷᠴᠦ ᠢᠷᠩᠰᠡᠨ᠎ᠡ ᠂ ᠪᠠᠰᠠ ᠰᠣᠨᠣᠰᠪᠠᠰᠤ ᠲᠣᠭᠣᠷᠢᠯ ᠢ᠋ ᠪᠠᠷᠢᠭ᠍ᠰᠠᠨ ᠴᠡᠷᠢᠭ ᠪᠠ ᠢᠯᠠᠭᠤ ᠂ ᠵᠠᠮᠤᠬ᠎ᠠ ᠶ᠋ᠢ ᠪᠠᠷᠢᠭ᠍ᠰᠠᠨ ᠬᠥᠮᠦᠨ ᠳ᠋ᠦ᠍ᠷ ᠠᠳᠠᠯᠢ ᠪᠠᠷ ᠴᠥᠮ ᠬᠣᠶᠠᠷ ᠮᠢᠩᠭᠠᠨ ᠠᠳᠤᠭᠤ ᠂ ᠬᠣᠶᠠᠷ ᠮᠢᠩᠭᠠᠨ ᠯᠠᠩ ᠮᠥᠩᠭᠥ ᠂ ᠬᠣᠶᠠᠷ ᠮᠢᠩᠭᠠᠨ ᠡᠷᠦᠬᠡ ᠶ᠋ᠢᠨ ᠨᠣᠶᠠᠨ ᠪᠣᠯᠭᠠᠮᠤᠢ ᠭᠡᠮᠡᠨ ᠬᠠᠰᠬᠢᠷᠤᠯᠴᠠᠭᠰᠠᠨᠠ ᠂ ᠣᠯᠠᠨ ᠴᠡᠷᠢᠭ ᠦ᠋ᠨ ᠬᠥᠭᠡᠷᠦᠯᠴᠡᠬᠦ ᠢᠨᠤ ᠮᠥᠷᠡᠨ ᠤᠷᠪᠠᠯᠬᠢᠯᠠᠨ ᠳᠠᠯᠠᠢ ᠪᠤᠴᠠᠯᠬᠤ ᠮᠡᠲᠦ ᠳ᠋ᠦ᠍ᠷ ᠸᠠᠩ ᠬᠠᠭᠠᠨ ᠂ ᠬᠤᠸᠠᠩ ᠲᠠᠢᠽᠢ ᠨᠠᠷ ᠪᠡᠶ᠎ᠡ ᠪᠡᠨ ᠬᠡᠳᠦᠨ ᠠᠷᠪᠠᠨ ᠳᠠᠪᠬᠤᠷ ᠲᠣᠭᠣᠷᠢᠭᠤᠯᠵᠤ ᠵᠠᠢ ᠡᠷᠢᠬᠦᠶᠡ ᠭᠡᠨᠡᠳᠲᠡ ᠭᠤᠷᠪᠠᠨ ᠬᠥᠮᠦᠨ ᠰᠢᠷᠭᠤᠯᠠᠨ ᠣᠷᠣᠵᠤ ᠢᠷᠡᠪᠡ ᠃ ᠦᠵᠡᠪᠡᠰᠦ ᠪᠸᠲ᠋ᠠ᠋ ᠤᠯᠤᠰ ᠠ᠋ᠴᠠ ᠤᠷᠪᠠᠭᠰᠠᠨ ᠠᠷᠳᠠ ᠂ ᠬᠤᠰᠠᠭᠤᠷ ᠂ ᠳᠡᠯᠵᠢᠲᠠᠢ ᠂ ᠡᠨᠡ ᠭᠤᠷᠪᠠᠭᠤᠯᠠ ᠬᠡᠷᠡᠭ ᠨᠢᠭᠡᠨᠲᠡ ᠡᠪᠳᠡᠷᠡᠭᠰᠡᠨ ᠳ᠋ᠦ᠍ᠷ ᠠᠷᠭ᠎ᠠ ᠦᠭᠡᠢ ᠰᠢᠷᠭᠤᠨ ᠣᠷᠣᠵᠤ ᠢᠷᠡᠭᠰᠡᠨ ᠠᠵᠤᠭᠤ ᠃ ᠲᠡᠳᠦᠢ ᠲᠡᠳᠡ ᠭᠤᠷᠪᠠᠭᠤᠯᠠ ᠸᠠᠩ ᠬᠠᠭᠠᠨ ᠢ᠋ ᠠᠪᠴᠤ ᠭᠠᠷᠰᠤᠭᠠᠢ ᠭᠡᠮᠡᠨ ᠦᠬᠦᠨ ᠰᠢᠷᠭᠤᠨ ᠣᠷᠣᠵᠤ ᠢᠷᠡᠪᠡᠰᠦ ᠸᠠᠩ ᠬᠠᠭᠠᠨ ᠲᠡᠳᠡᠨ ᠢ᠋ ᠦᠵᠡᠮᠡᠭᠴᠡ ᠳᠠᠷᠤᠢ ᠢᠴᠢᠭᠡᠨ ᠠᠰᠠᠭᠤᠷᠤᠨ : 《ᠲᠠᠨ ᠤ᠋ ᠭᠤᠷᠪᠠᠭᠤᠯᠠ ᠶ᠋ᠢᠨ ᠳᠣᠲᠣᠭᠤᠷ ᠢ᠋ᠶ᠋ᠠᠷ ᠲᠤᠰᠠᠯᠠᠭᠰᠠᠨ ᠠᠨᠤ ᠡᠨᠡ ᠦᠦ ? 》 ᠬᠡᠮᠡᠬᠦᠢ ᠳ᠋ᠦ᠍ᠷ ᠲᠡᠳᠡ ᠨᠠᠷ ᠬᠥᠯ ᠳᠡᠪᠰᠡᠨ ᠭᠠᠰᠢᠭᠤᠳᠠᠵᠤ ᠂ ᠸᠠᠩ ᠬᠠᠭᠠᠨ ᠢ᠋ ᠠᠪᠴᠤ ᠭᠠᠷᠬᠤᠶ᠎ᠠ ᠴᠢᠪᠬᠢᠲᠡᠯ᠎ᠡ ᠪᠸᠲ᠋ᠠ᠋ ᠤᠯᠤᠰ ᠤ᠋ᠨ ᠵᠡᠯᠮ᠎ᠡ ᠵᠡᠪᠡ ᠬᠣᠶᠠᠭᠤᠯᠠ ᠳ᠋ᠤᠷ ᠤᠴᠠᠷᠠᠭᠠᠳ ᠬᠠᠪᠴᠢᠨ ᠣᠷᠣᠵᠤ ᠂ ᠸᠠᠩ ᠬᠠᠭᠠᠨ ᠢ᠋ ᠠᠮᠢᠳᠤ ᠪᠠᠷᠢᠵᠤ ᠲᠠᠢᠽᠦ ᠶ᠋ᠢᠨ ᠮᠣᠷᠢᠨ ᠤ᠋ ᠡᠮᠦᠨ᠎ᠡ ᠠᠪᠴᠤ ᠢᠷᠡᠭᠰᠡᠨ ᠳ᠋ᠦ᠍ᠷ ᠸᠠᠩ ᠬᠠᠭᠠᠨ ᠥᠭᠦᠯᠡᠷᠦᠨ : 《ᠵᠠᠮᠤᠬ᠎ᠠ ᠪᠠ ᠬᠥᠪᠡᠭᠦᠨ ᠢᠯᠠᠭᠤ ᠨᠠᠮᠠᠢ ᠠᠪᠴᠤ ᠶᠠᠪᠤᠭᠰᠠᠭᠠᠷ ᠡᠢᠮᠦ ᠪᠣᠯᠭᠠᠪᠠ !》 ᠭᠡᠮᠡᠨ ᠤᠬᠢᠯᠠᠨ ᠮᠥᠷᠭᠥᠵᠦ ᠥᠭᠦᠯᠡᠷᠦᠨ : 《ᠡᠵᠡᠨ ᠮᠢᠨᠦ ᠥᠷᠥᠰᠢᠶᠡᠬᠦᠯ᠎ᠡ ᠥᠴᠦᠬᠡᠨ ᠮᠢᠨᠦ ᠤᠷᠢᠳᠤ ᠶ᠋ᠢᠨ ᠪᠠᠭᠠᠲᠤᠷ ᠡᠵᠡᠨ᠎ᠡ ᠠᠨᠳᠠ ᠪᠣᠯᠤᠯᠴᠠᠨ ᠶᠠᠪᠤᠯᠴᠠᠭᠰᠠᠨ ᠢ᠋ ᠪᠣᠳᠣᠵᠤ ᠠᠮᠢᠨ ᠢ᠋ ᠮᠢᠨᠦ ᠦᠯᠡᠳᠡᠭᠡᠮᠦ ! 》ᠬᠡᠮᠡᠬᠦᠢ ᠳ᠋ᠦ᠍ᠷ ᠲᠠᠢᠽᠦ ᠥᠭᠦᠯᠡᠷᠦᠨ : 《ᠲᠡᠷᠡ ᠤᠴᠢᠷ ᠢ᠋ ᠪᠣᠳᠣᠵᠤ ᠂ ᠪᠢ ᠴᠢᠮᠠᠢ ᠳᠣᠯᠣᠭᠠᠨ ᠵᠡᠷᠭᠡ ᠲᠤᠰᠠᠯᠠᠵᠤ ᠨᠢᠭᠡᠨᠲᠡ ᠭᠦᠢᠴᠡᠭᠰᠡᠨ ᠪᠣᠯᠠᠢ !》ᠬᠡᠮᠡᠬᠦᠢ ᠳ᠋ᠦ᠍ᠷ ᠸᠠᠩ ᠬᠠᠭᠠᠨ ᠣᠷᠬᠢᠷᠠᠨ ᠤᠬᠢᠯᠠᠵᠤ ᠥᠭᠦᠯᠡᠷᠦᠨ : 《ᠲᠡᠭᠦᠨ ᠡᠴᠡ ᠬᠣᠵᠢᠮ ᠭᠣᠷᠯᠣᠳ ᠤ᠋ᠨ ᠶᠢᠰᠦᠨ ᠠᠢᠮᠠᠭ ᠢ᠋ ᠮᠥᠬᠥᠭᠡᠭᠰᠡᠨ ᠲᠤᠬᠠᠢ ᠳ᠋ᠤᠷ ᠥᠴᠦᠬᠡᠨ ᠮᠢᠨᠦ ᠪᠠᠰᠠ ᠴᠢᠩ ᠦᠨᠡᠨ ᠰᠢᠳᠤᠷᠭᠤ ᠰᠡᠳᠬᠢᠯ ᠪᠣᠢ ᠪᠣᠯᠠᠢ ! 》ᠬᠡᠮᠡᠭᠰᠡᠨ ᠳ᠋ᠦ᠍ᠷ ᠲᠠᠢᠽᠦ ᠳᠠᠷᠤᠢ ᠮᠥᠨ ᠬᠡᠮᠡᠭᠡᠳ ᠢ᠋ᠢᠳᠡ ᠪᠡᠨ ᠡᠷᠭᠦᠵᠦ ᠂ ᠸᠠᠩ ᠬᠠᠭᠠᠨ ᠢ᠋ ᠲᠠᠯᠪᠢᠨ ᠭᠠᠷᠭᠠᠭᠰᠠᠨ᠎ᠠ ᠂ ᠢᠯᠠᠭᠤ ᠂ ᠵᠠᠮᠤᠬ᠎ᠠ ᠂ ᠠᠷᠳᠠ ᠂ ᠬᠤᠰᠠᠭᠤᠷ ᠂ ᠳᠡᠯᠵᠢᠲᠠᠢ ᠂ ᠭᠦᠷᠡᠯᠵᠡᠭᠡᠨ᠎ᠡ ᠮᠡᠲᠦ ᠶ᠋ᠢᠨ ᠠᠷᠠᠳ ᠤ᠋ᠳ ᠴᠢᠷᠠᠮ᠎ᠠ ᠨᠢᠴᠦᠭᠦᠯᠡᠵᠦ ᠂ ᠰᠤᠯᠠ ᠴᠡᠷᠢᠭ ᠦ᠋ᠨ ᠰᠦᠷᠦᠭ ᠲᠣᠷ ᠣᠷᠣᠵᠤ ᠰᠢᠷᠭᠤᠯᠠᠨ ᠭᠤᠶᠤᠵᠤ ᠡᠴᠢᠭᠰᠡᠨ᠎ᠡ ᠂ ᠵᠡᠯᠮ᠎ᠡ ᠶᠡᠬᠡᠯ᠎ᠡ ᠴᠢᠬᠤᠯᠳᠠᠨ ᠂ ᠡᠭᠦᠨ ᠢ᠋ ᠲᠠᠯᠪᠢᠨ ᠭᠠᠷᠭᠠᠪᠠᠰᠤ ᠯᠠᠪ ᠪᠠᠰᠠ ᠳᠠᠢᠰᠤᠨ ᠪᠣᠯᠤᠮᠤᠢ ᠭᠡᠮᠡᠨ ᠬᠥᠭᠡᠭᠡᠨ ᠡᠴᠢᠵᠦ ᠠᠯᠠᠰᠤᠭᠠᠢ ᠬᠡᠮᠡᠬᠦᠢ ᠳ᠋ᠦ᠍ᠷ ᠲᠠᠢᠽᠦ ᠵᠡᠯᠮ᠎ᠡ ᠶ᠋ᠢᠨ ᠬᠤᠶᠠᠭ ᠤ᠋ᠨ ᠣᠯᠪᠣᠨ ᠠ᠋ᠴᠠ ᠪᠠᠷᠢᠵᠤ ᠲᠡᠳᠡᠨ ᠵᠣᠭᠰᠣᠭᠠᠭᠠᠳ ᠰᠡᠭᠦᠷᠡᠰᠦᠨ ᠠᠯᠳᠠᠵᠤ ᠥᠭᠦᠯᠡᠷᠦᠨ : 《ᠢᠴᠢᠬᠦᠷᠡᠯ ᠦᠭᠡᠢ ᠲᠣᠭᠣᠷᠢᠯ ᠢ᠋ ᠡᠰᠡ ᠠᠯᠠᠨ ᠲᠠᠯᠪᠢᠵᠤ ᠭᠠᠷᠭᠠᠭᠰᠠᠨ ᠮᠢᠨᠦ ᠂ ᠡᠴᠢᠭᠡ ᠶᠦ᠍ᠭᠡᠨ ᠪᠠᠭᠠᠲᠤᠷ ᠡᠵᠡᠨ ᠢ᠋ᠶ᠋ᠡᠨ ᠨᠠᠢᠷ ᠵᠢᠷᠤᠮ ᠢ᠋ ᠭᠦᠢᠴᠡᠭᠡᠪᠡ ᠃ ᠡᠨᠡ ᠮᠡᠲᠦ ᠥᠷᠥᠰᠢᠶᠡᠨ ᠪᠥᠭᠡᠲᠡᠯ᠎ᠡ ᠡᠷᠭᠢᠬᠦ ᠦᠭᠡᠢ ᠬᠥᠮᠦᠨ ᠪᠠᠢᠳᠠᠭ ᠭᠡᠵᠢ ᠦᠦ ? ᠡᠷᠲᠡ ᠣᠷᠣᠢ ᠦᠭᠡᠢ ᠡᠷᠬᠡᠪᠰᠢ ᠲᠡᠭᠦᠨ ᠢ᠋ ᠰᠠᠢᠨ ᠢ᠋ᠶ᠋ᠠᠷ ᠳᠠᠭᠠᠭᠤᠯᠤᠶ᠎ᠠ ! 》 ᠬᠡᠮᠡᠭᠰᠡᠨ ᠳ᠋ᠦ᠍ᠷ ᠵᠠᠯᠮ᠎ᠠ ᠢᠭᠲᠦᠯᠦᠨ ᠭᠠᠢᠬᠠᠵᠤ ᠨᠡᠬᠡᠭᠰᠡᠨ ᠦᠭᠡᠢ ᠃ ᠡᠨᠡ ᠵᠠᠪ ᠲᠤᠷ ᠵᠡᠪᠡ ᠶᠡᠬᠡᠯ᠎ᠡ ᠠᠭᠤᠷᠯᠠᠨ ᠬᠡᠳᠦᠢᠨᠡᠢ ᠨᠡᠬᠡᠨ ᠡᠴᠢᠵᠦ : 《ᠥᠴᠦᠬᠡᠨ ᠪᠣᠭᠣᠯᠴᠤᠳ ᠦᠨᠡᠬᠡᠷ ᠶᠠᠪᠤᠮᠤᠢ ᠤᠤ ? 》ᠭᠡᠮᠡᠨ ᠵᠠᠩᠳᠠᠭᠰᠠᠨ ᠳ᠋ᠤᠷ ᠢᠯᠠᠭᠤ ᠶᠡᠬᠡᠯ᠎ᠡ ᠠᠶᠤᠵᠤ ᠡᠭᠡᠨ ᠬᠠᠷᠠᠲᠠᠯ᠎ᠠ ᠵᠡᠪᠡ ᠨᠢᠭᠡᠨᠲᠡ ᠬᠠᠷᠪᠤᠭᠰᠠᠨ ᠳ᠋ᠤᠷ ᠴᠢᠪᠬᠢᠲᠡᠯ᠎ᠡ ᠢᠯᠠᠭᠤ ᠶ᠋ᠢᠨ ᠬᠠᠪᠠᠷ ᠬᠥᠨᠳᠡᠯᠡᠨ ᠲᠣᠰᠴᠤ ᠭᠡᠳᠡᠷᠭᠦᠯᠡᠨ ᠡᠴᠢᠭᠰᠡᠨ ᠢ᠋ ᠰᠢᠳᠠᠷ ᠴᠡᠷᠢᠭ ᠲᠦᠰᠢᠵᠦ ᠳᠣᠪᠲᠣᠯᠭᠠᠨ ᠭᠠᠷᠪᠠ ᠂ ᠲᠠᠢᠽᠦ ᠶᠠᠭᠠᠷᠠᠨ ᠬᠥᠮᠦᠨ ᠢᠯᠡᠭᠡᠵᠦ ᠂ ᠵᠡᠪᠡ ᠶ᠋ᠢ ᠡᠭᠡᠭᠦᠯᠦᠨ ᠠᠴᠢᠷᠠᠭᠤᠯᠵᠤ ᠨᠡᠭᠡᠭᠡᠬᠦ ᠶ᠋ᠢ ᠪᠠᠢᠯᠭᠠᠪᠠ ᠃ ᠡᠨᠡ ᠦᠨᠡᠬᠡᠷ :
ᠦᠨᠡᠨ ᠲᠡᠭᠷᠢ ᠶ᠋ᠢᠨ ᠬᠥᠪᠡᠭᠦᠨ ᠦ᠌ ᠥᠷᠥᠰᠢᠶᠡᠯ ᠬᠡᠮᠡᠭᠴᠢ
ᠦᠨᠡᠨ ᠢ᠋ᠶ᠋ᠡᠷ ᠴᠦ᠍ ᠳᠠᠯᠠᠢ ᠮᠡᠲᠦ ᠭᠦᠨ ᠂
ᠥᠨᠳᠥᠷ ᠪᠣᠭᠳᠠ ᠬᠥᠮᠦᠨ ᠦ᠌ ᠦᠨᠡᠨᠴᠢ ᠬᠡᠮᠡᠭᠴᠢ
ᠦᠯᠢᠳᠬᠡᠰᠢ ᠦᠭᠡᠢ ᠣᠭᠲᠠᠷᠭᠤᠢ ᠠᠳᠠᠯᠢ ᠠᠭᠤᠳᠠᠮ !
– – – –
① ᠬᠣᠷᠬᠣᠭᠯᠠᠵᠤ ᠢᠳᠡᠮᠦᠢ ᠬᠡᠮᠡᠭᠴᠢ ᠮᠠᠯ ᠮᠣᠷᠢ ᠶ᠋ᠢ ᠲᠠᠯ᠎ᠠ ᠶ᠋ᠢᠨ ᠡᠪᠡᠰᠦᠨ᠎ᠡ ᠭᠠᠯ ᠲᠠᠯᠪᠢᠵᠤ ᠪᠦᠬᠦᠯᠢ ᠪᠡᠷ ᠪᠣᠯᠭᠣᠵᠤ ᠢᠳᠡᠮᠦᠢ ᠬᠡᠮᠡᠭᠰᠡᠨ ᠦᠭᠡ ᠂ ᠲᠡᠭᠦᠨ ᠢ᠋ ᠬᠠᠭᠤᠴᠢᠨ ᠦᠭᠡᠨ ᠳ᠋ᠦ᠍ᠷ ᠬᠣᠷᠬᠣᠭᠯᠠᠮᠤᠢ ᠬᠡᠮᠡᠮᠦᠢ ᠃
ᠡᠨᠡ ᠦᠶ᠎ᠡ ᠳ᠋ᠦ᠍ᠷ ᠬᠠᠷᠠᠩᠭᠤᠢ ᠪᠣᠯᠵᠤ ᠂ ᠮᠤᠬᠤᠯᠢ ᠡᠨᠡ ᠬᠡᠷᠡᠭ ᠢ᠋ ᠣᠭᠲᠣ ᠮᠡᠳᠡᠬᠦ ᠦᠭᠡᠢ ᠲᠤᠯᠠ ᠶᠡᠬᠡᠯ᠎ᠡ ᠭᠡᠷᠡᠯ ᠡᠷᠭᠦᠭᠦᠯᠦᠨ ᠰᠠᠮᠠᠭᠤᠨ ᠭᠠᠯ ᠰᠤᠮᠤ ᠳᠡᠯᠪᠢ ᠭᠡᠮᠡᠨ ᠮᠣᠳᠣ ᠲᠣᠭᠰᠢᠵᠤ ᠵᠠᠷᠯᠠᠭᠰᠠᠨ᠎ᠠ ᠂ ᠬᠡᠷᠡᠢᠳ ᠦ᠋ᠨ ᠬᠠᠭᠠᠭᠳᠠᠭᠰᠠᠨ ᠴᠡᠷᠢᠭ ᠦ᠋ᠨ ᠬᠠᠰᠬᠢᠷᠤᠯᠴᠠᠨ ᠤᠬᠢᠯᠠᠬᠤ ᠳᠠᠭᠤᠨ ᠬᠥᠬᠡ ᠡᠭᠦᠯᠡᠨ᠎ᠡ ᠨᠡᠪᠲᠡᠷᠡᠵᠦ ᠂ ᠬᠥᠭᠡᠷᠦᠬᠦᠢ ᠤᠶᠠᠩᠭᠠᠲᠤ ᠡᠬᠡᠰᠢᠭ ᠬᠥᠮᠦᠨ ᠲᠡᠰᠳᠡᠰᠢ ᠦᠭᠡᠢ ᠲᠤᠯᠠ ᠲᠠᠢᠽᠦ ᠥᠪᠡᠷ ᠢ᠋ᠶ᠋ᠡᠨ ᠮᠤᠬᠤᠯᠢ ᠶ᠋ᠢᠨ ᠳᠡᠷᠭᠡᠳᠡ ᠳᠣᠪᠲᠣᠯᠤᠨ ᠢᠷᠡᠭᠡᠳ ᠤᠷᠲᠤ ᠰᠡᠭᠦᠷᠡᠰᠦᠨ ᠠᠯᠳᠠᠵᠤ ᠂ ᠮᠤᠬᠤᠯᠢ ᠶ᠋ᠢᠨ ᠪᠠᠷᠠᠭᠤᠨ ᠮᠥᠷᠥ ᠶ᠋ᠢ ᠳᠥᠰᠢᠨ ᠵᠠᠬᠢᠷᠤᠨ :
ᠰᠠᠢᠨ ᠡᠷ᠎ᠡ ᠰᠢᠬᠠᠮᠳᠠᠭᠰᠠᠨ ᠴᠡᠷᠢᠭ ᠢ᠋ ᠰᠢᠬᠠᠵᠤ ᠦᠯᠦ ᠠᠯᠠᠮᠤᠢ
ᠰᠠᠨᠠᠭᠠᠲᠠᠢ ᠡᠵᠡᠨ ᠰᠢᠷᠭᠤᠭᠰᠠᠨ ᠬᠥᠮᠦᠨ ᠢ᠋ ᠰᠢᠷᠠᠰᠠᠭᠠᠨ ᠦᠯᠦ ᠵᠣᠪᠠᠭᠠᠮᠤᠢ ᠂
ᠰᠠᠷᠬᠢᠨᠠᠭ ᠲᠣᠭᠣᠷᠢᠯ ᠢ᠋ ᠰᠢᠭᠤᠳ ᠪᠢ ᠨᠢᠭᠡᠨᠲᠡ ᠲᠠᠯᠪᠢᠵᠤ ᠭᠠᠷᠭᠠᠮᠤᠢ
ᠰᠠᠨᠠᠯᠳᠤ ᠵᠢᠨᠦᠩ ᠮᠢᠨᠦ ᠰᠢᠷᠬᠠᠲᠤ ᠴᠡᠷᠢᠭ ᠦ᠋ᠳ ᠢ᠋ ᠰᠢᠯᠲᠠᠭᠯᠠᠨ ᠭᠠᠷᠭᠠᠵᠤ ᠢᠯᠡᠭᠡᠭᠲᠦᠨ !
ᠬᠡᠮᠡᠭᠰᠡᠨ ᠳ᠋ᠦ᠍ᠷ ᠮᠤᠬᠤᠯᠢ ᠶᠡᠬᠡᠯ᠎ᠡ ᠭᠠᠰᠢᠭᠤᠳᠠᠨ ᠳᠣᠲᠣᠷ᠎ᠠ ᠬᠠᠷᠠᠯᠠᠨ ᠪᠦᠲᠡᠩᠰᠡᠵᠦ ᠤᠷᠲᠤᠳᠠ ᠣᠷᠬᠢᠷᠠᠵᠤ :
ᠦᠯᠢᠳᠬᠡᠰᠢ ᠦᠭᠡᠢ ᠳᠠᠭ᠌ᠷᠢᠯᠢᠭ᠌ ᠡᠵᠡᠨ ᠦ᠌ ᠥᠷᠥᠰᠢᠶᠡᠯ ᠦᠨᠡᠬᠡᠷ ᠦᠨᠡᠨᠴᠢ
ᠦᠨᠡᠨᠴᠢ ᠦᠭᠡᠢ ᠲᠤᠭᠤᠷᠢᠯ ᠪᠣᠭᠣᠯ ᠬᠡᠷᠬᠢᠪᠡᠴᠦ ᠦᠯᠦ ᠡᠷᠭᠢᠮᠦᠢ ᠂
ᠦᠰᠦᠨ ᠦ᠌ ᠲᠡᠳᠦᠢ ᠬᠡᠯᠲᠡ ᠡᠴᠢᠵᠦ ᠠᠯᠳᠠᠵᠤ ᠭᠠᠷᠭᠠᠭᠰᠠᠨ ᠲᠤᠯᠠ
ᠦᠷᠭᠦᠯᠵᠢ ᠭᠡᠮᠰᠢᠬᠦ ᠳᠠᠢᠰᠤᠨ ᠤ᠋ ᠦᠨᠳᠦᠰᠦᠨ᠎ᠡ ᠦᠯᠡᠮᠵᠢ ᠬᠦᠴᠦᠨ ᠰᠦᠢᠳᠬᠡᠮᠦᠢ ᠢ᠋᠎ᠡ !
ᠬᠡᠮᠡᠭᠡᠳ : 《ᠨᠢᠭᠡᠨᠲᠡ ᠡᠵᠡᠨ ᠮᠢᠨᠦ ᠦᠯᠡᠮᠵᠢ ᠥᠷᠥᠰᠢᠶᠡᠯ ᠢ᠋ ᠦᠢᠯᠡᠳᠦᠭᠰᠡᠨ ᠲᠤᠯᠠᠳᠠ ᠦᠵᠦᠭᠦᠷ ᠲᠣᠷ ᠬᠦᠷᠲᠡᠯ᠎ᠡ ᠪᠤᠶᠠᠨ ᠤ᠋ ᠦᠷ᠎ᠡ ᠶ᠋ᠢ ᠲᠠᠷᠢᠭ᠍ᠳᠠᠬᠤᠢ ! 》 ᠬᠡᠮᠡᠵᠦ ᠂ ᠳᠥᠷᠪᠡᠨ ᠡᠲᠡᠭᠡᠳ ᠬᠠᠷᠠᠩᠭ᠎ᠠ ᠴᠣᠬᠢᠭᠤᠯᠵᠤ ᠂ ᠡᠵᠡᠨ ᠨᠢᠭᠡᠨᠲᠡ ᠲᠤᠭᠤᠷᠢᠯ ᠢ᠋ ᠲᠠᠯᠪᠢᠵᠤ ᠢᠯᠡᠭᠡᠭᠡᠳ ᠡᠨᠡ ᠴᠡᠷᠢᠭ ᠦ᠋ᠨ ᠨᠡᠢᠲᠡ ᠪᠡᠷ ᠦ᠋ᠨ ᠠᠮᠢᠨ ᠢ᠋ ᠪᠠᠰᠠ ᠴᠥᠮ ᠬᠡᠯᠲᠦᠷᠢᠭᠦᠯᠪᠡ ᠬᠡᠮᠡᠭᠡᠳ ᠴᠡᠷᠢᠭ ᠢ᠋ᠶ᠋ᠡᠨ ᠬᠤᠷᠢᠶᠠᠵᠤ ᠶᠡᠬᠡ ᠪᠠᠭᠤᠳᠠᠯ ᠪᠠᠭᠤᠭᠰᠠᠨ᠎ᠠ ᠂ ᠬᠡᠷᠡᠢᠳ ᠦ᠋ᠨ ᠰᠢᠬᠠᠮᠳᠠᠭᠰᠠᠨ ᠣᠯᠠᠨ ᠴᠡᠷᠢᠭ ᠦ᠋ᠳ ᠨᠢᠭᠡᠨ ᠳᠠᠭᠤᠨ ᠢ᠋ᠶ᠋ᠠᠷ : 《ᠳᠠᠭ᠌ᠷᠢᠯᠢᠭ᠌ ᠤ᠋ᠨ ᠦᠷ᠎ᠡ ᠴᠢᠨᠦ ᠲᠦᠮᠡᠨ ᠣᠨ ᠪᠣᠯᠲᠤᠭᠠᠢ ! 》 ᠭᠡᠮᠡᠨ ᠠᠭᠤᠯᠠ ᠳᠣᠯᠭᠢᠰᠤᠨ ᠂ ᠲᠠᠯ᠎ᠠ ᠳᠣᠭᠳᠣᠯᠵᠠᠲᠠᠯᠠ ᠪᠠᠷᠬᠢᠷᠠᠯᠴᠠᠵᠤ ᠳᠤᠲᠠᠭᠠᠪᠠᠢ ᠃
ᠵᠢᠴᠢ ᠥᠷᠯᠥᠭᠡ ᠲᠡᠭᠷᠢ ᠬᠡᠬᠡᠷᠡᠭᠰᠡᠨ ᠬᠣᠢᠨ᠎ᠠ ᠦᠵᠡᠪᠡᠰᠦ ᠂ ᠴᠠᠢᠯᠵᠢ ᠬᠡᠮᠡᠬᠦ ᠠᠢᠮᠠᠭ ᠤ᠋ᠨ ᠡᠵᠡᠨ ᠤᠷᠲᠤ ᠬᠡᠮᠡᠭᠴᠢ ᠨᠡᠷ᠎ᠡ ᠲᠡᠢ ᠨᠢᠭᠡᠨ ᠬᠥᠮᠦᠨ ᠸᠠᠩ ᠬᠠᠭᠠᠨ ᠳ᠋ᠤᠷ ᠳᠠᠭᠠᠷ᠎ᠠ ᠢᠷᠡᠭᠡᠳ ᠥᠴᠥᠭᠡᠳᠦᠷ ᠰᠥᠨᠢ ᠶ᠋ᠢᠨ ᠲᠠᠢᠽᠦ ᠶ᠋ᠢᠨ ᠡᠯ᠎ᠡ ᠬᠡᠷᠡᠭ ᠢ᠋ ᠴᠥᠮ ᠦᠵᠡᠭᠡᠳ ᠰᠡᠳᠬᠡᠯ ᠡᠴᠡ ᠪᠡᠨ ᠦᠬᠦᠨ ᠪᠢᠰᠢᠷᠡᠭᠡᠳ ᠡᠨᠡ ᠥᠷᠯᠥᠭᠡ ᠳᠣᠯᠣᠭᠠᠨ ᠮᠢᠩᠭᠠᠨ ᠢᠯᠡᠭᠦᠦ ᠠᠢᠮᠠᠭ ᠤ᠋ᠨ ᠬᠥᠮᠦᠨ ᠢ᠋ᠶ᠋ᠡᠨ ᠠᠪᠤᠨ ᠢᠷᠡᠵᠦ ᠂ ᠮᠤᠬᠤᠯᠢ ᠳ᠋ᠤᠷ ᠵᠣᠯᠭᠠᠨ ᠲᠡᠭᠦᠨ ᠢ᠋ᠶ᠋ᠡᠷ ᠲᠠᠢᠽᠦ ᠳ᠋ᠦ᠍ᠷ ᠮᠥᠷᠭᠥᠨ ᠠᠭᠤᠯᠵᠠᠵᠤ ᠤᠬᠢᠯᠠᠨ ᠥᠴᠢᠷᠦᠨ :
ᠴᠠᠢᠯᠵᠢ ᠠᠢᠮᠠᠭ ᠤ᠋ᠨ ᠤᠷᠲᠤ ᠨᠡᠷᠡᠲᠦ ᠪᠢ
ᠴᠡᠷᠢᠭ ᠲᠡᠢᠨ ᠳ᠋ᠦ᠍ᠷ ᠬᠣᠷᠢᠭᠠᠳ ᠵᠢᠯ ᠶᠠᠪᠤᠲᠠᠯ᠎ᠠ
ᠴᠢᠬᠡᠷ ᠡᠵᠡᠨ ᠴᠢᠨᠦ ᠮᠡᠲᠦ ᠡᠢᠮᠦ ᠶ᠋ᠢ
ᠴᠢᠬᠢ ᠳ᠋ᠦ᠍ᠷ ᠮᠥᠨ ᠰᠣᠨᠣᠰᠤᠭᠰᠠᠨ ᠦᠭᠡᠢ ᠪᠥᠯᠥᠭᠡ ᠃
ᠤᠷᠲᠤ ᠨᠡᠷᠡᠲᠦ ᠥᠴᠦᠬᠡᠨ ᠠᠢᠮᠠᠭ ᠤ᠋ᠨ ᠪᠢ
ᠣᠯᠠᠨ ᠠᠢᠮᠠᠭ ᠲᠤᠷ ᠬᠣᠷᠢᠨ ᠣᠨ ᠶᠠᠪᠤᠲᠠᠯ᠎ᠠ
ᠣᠷᠣᠨᠲᠤ ᠡᠵᠡᠨ ᠴᠢᠨᠦ ᠮᠡᠲᠦ ᠡᠢᠮᠦ ᠶ᠋ᠢ
ᠣᠯᠵᠤ ᠮᠥᠨ ᠰᠣᠨᠣᠰᠤᠭᠰᠠᠨ ᠦᠭᠡᠢ ᠪᠥᠯᠥᠭᠡ ᠃
ᠠᠯᠠᠯᠳᠤᠬᠤᠢ ᠬᠣᠭᠣᠷᠣᠨᠳᠣ ᠠᠰᠠᠷᠠᠬᠤᠢ ᠰᠡᠳᠬᠢᠯᠳᠦ ᠡᠵᠡᠨ
ᠠᠰᠤᠷᠤ ᠶᠡᠬᠡ ᠥᠷᠥᠰᠢᠶᠡᠯ ᠨᠢᠭᠦᠯᠡᠰᠬᠦᠢ ᠲᠡᠢ ᠪᠠᠢᠨᠠᠮ ᠂
ᠠᠪᠤᠯᠴᠠᠬᠤ ᠶ᠋ᠢᠨ ᠵᠠᠪᠰᠠᠷ ᠴᠤ᠌ ᠠᠪᠤᠷᠠᠬᠤ ᠰᠠᠨᠠᠭᠠᠲᠤ ᠡᠵᠡᠨ
ᠠᠳᠠᠪᠠᠰᠢ ᠦᠯᠡᠮᠵᠢ ᠠᠰᠠᠷᠠᠯ ᠥᠷᠥᠰᠢᠶᠡᠯ ᠲᠡᠢ ᠪᠠᠢᠨᠠᠮ ᠃
ᠠᠮᠢᠨ ᠳ᠋ᠤᠷ ᠬᠦᠷᠦᠭᠰᠡᠨ ᠬᠡᠷᠡᠢᠳ ᠦ᠋ᠨ ᠡᠵᠡᠨ ᠲᠣᠭᠣᠷᠢᠯ ᠢ᠋
ᠠᠯᠠᠬᠤ ᠦᠭᠡᠢ ᠬᠠᠢᠷᠠᠯᠠᠨ ᠲᠠᠯᠪᠢᠵᠤ ᠢᠯᠡᠭᠡᠭᠡᠳ
ᠠᠪᠠ ᠳ᠋ᠤᠷ ᠬᠣᠷᠢᠭ᠍ᠳᠠᠭᠰᠠᠨ ᠬᠡᠷᠡᠢᠳ ᠦ᠋ᠨ ᠴᠡᠷᠢᠭ ᠪᠦᠬᠦᠨ ᠢ᠋
ᠠᠷᠢᠯᠭᠠᠯ ᠦᠭᠡᠢ ᠠᠪᠤᠷᠠᠨ ᠲᠠᠯᠪᠢᠵᠤ ᠢᠯᠡᠭᠡᠭᠰᠡᠨ
ᠠᠯᠭᠠᠰᠠᠯ ᠦᠭᠡᠢ ᠲᠡᠭᠷᠢ ᠰᠠᠬᠢᠭᠤᠯᠰᠤᠨ ᠮᠥᠨ
ᠠᠯᠲᠠᠨ ᠳᠡᠯᠡᠬᠡᠢ ᠶ᠋ᠢ ᠨᠡᠢᠭᠡᠮ ᠡᠵᠡᠯᠡᠬᠦ ᠪᠠᠢᠨᠠᠮ ᠂
ᠠᠷᠢᠯᠤᠰᠢ ᠦᠭᠡᠢ ᠪᠤᠶᠠᠨ ᠡᠷᠳᠡᠮ ᠴᠣᠭᠴᠠᠯᠠᠵᠤ
ᠠᠰᠢᠳᠠ ᠳᠡᠭᠡᠳᠦ ᠬᠠᠭᠠᠨ ᠰᠠᠭᠤᠷᠢᠨ ᠢ᠋ ᠵᠠᠯᠭᠠᠮᠵᠢᠯᠠᠨᠠᠮ ᠢ᠋᠎ᠡ !
ᠭᠡᠮᠡᠨ ᠥᠴᠢᠨ ᠮᠥᠷᠭᠥᠵᠦ ᠰᠡᠳᠬᠢᠯ ᠢᠭᠲᠦᠯᠦᠨ ᠨᠢᠯᠪᠤᠰᠤᠨ ᠤᠨᠠᠭᠠᠵᠤ ᠲᠣᠯᠣᠭᠠᠢ ᠳᠠᠷᠤᠨ :
ᠴᠢᠩ ᠦᠨᠡᠨ ᠢ᠋ᠶ᠋ᠡᠷ ᠰᠢᠳᠦᠨ ᠰᠦᠰᠦᠭᠯᠡᠵᠦ ᠮᠥᠷᠭᠥᠨ
ᠴᠢᠷᠠᠢ ᠠ᠋ᠴᠠ ᠪᠠᠨ ᠴᠢᠰᠤ ᠭᠠᠷᠭᠠᠨ ᠰᠠᠴᠤᠵᠤ ᠂
ᠴᠢᠬᠤᠯᠠ ᠲᠠᠩᠭᠠᠷᠢᠭ᠋ ᠢ᠋ ᠰᠤᠮᠤ ᠬᠤᠭᠤᠴᠠᠨ ᠠᠮᠠᠯᠳᠤᠵᠤ
ᠴᠢᠭᠢᠷᠠᠭ ᠴᠡᠷᠢᠭ ᠳᠣᠯᠣᠭᠠᠨ ᠮᠢᠩᠭᠠᠨ ᠢ᠋ᠶ᠋ᠠᠨ ᠠᠪᠴᠤ ᠳᠠᠭᠠᠪᠠᠢ ᠃
ᠲᠠᠢᠽᠦ ᠲᠡᠭᠦᠨ ᠦ᠌ ᠰᠡᠳᠬᠢᠯ ᠴᠢᠩ ᠦᠨᠡᠨ ᠪᠣᠯᠤᠭᠰᠠᠨ ᠢ᠋ ᠮᠡᠳᠡᠵᠦ ᠡᠢᠨ ᠭᠡᠮᠡᠨ ᠰᠠᠢᠰᠢᠶᠠᠨ ᠵᠠᠬᠢᠷᠤᠨ :
ᠤᠰᠤᠨ ᠳᠠᠪᠠᠯᠭᠠᠲᠤ ᠴᠡᠷᠢᠭ ᠦ᠋ᠨ ᠳᠣᠲᠣᠷ᠎ᠠ ᠠᠵᠤ
ᠤᠬᠠᠭᠠᠯᠠᠨ ᠨᠠᠮᠠᠶ᠋ᠢ ᠮᠡᠳᠡᠵᠦ ᠴᠢᠳᠠᠭᠰᠠᠨ ᠴᠠᠢᠯᠵᠢ ᠂
ᠣᠯᠠᠨ ᠲᠦᠮᠡᠨ ᠴᠡᠷᠢᠭ ᠦ᠋ᠨ ᠳᠣᠲᠣᠷ᠎ᠠ ᠠᠵᠤ
ᠣᠨᠴᠠ ᠨᠠᠮᠠᠶ᠋ᠢ ᠤᠬᠠᠵᠤ ᠮᠡᠳᠡᠭᠰᠡᠨ ᠤᠷᠲᠤ ᠃
ᠪᠤᠷᠤᠭᠤᠯᠠᠨ ᠳᠤᠲᠠᠭᠠᠬᠤᠶ᠎ᠠ ᠪᠣᠭ᠍ᠰᠢᠨ ᠦᠯᠡᠳᠡᠵᠦ ᠬᠣᠴᠣᠷᠤᠨ
ᠪᠤᠷᠤᠭᠤ ᠶ᠋ᠢ ᠲᠡᠪᠴᠢᠭᠰᠡᠨ ᠪᠤᠶᠠᠨᠲᠤ ᠪᠣᠳᠣᠯᠭᠠᠲᠤ ᠤᠷᠲᠤ ᠂
ᠪᠣᠱᠣᠭᠲᠤ ᠲᠥᠷᠥ ᠳ᠋ᠦ᠍ᠷ ᠮᠢᠨᠦ ᠲᠤᠰᠠᠯᠠᠨ ᠵᠢᠳᠬᠦᠭᠦᠯᠡ
ᠪᠤᠯᠳᠣᠷᠢᠯ ᠦᠭᠡᠢ ᠠᠮᠤᠭᠤᠯᠠᠩ ᠵᠢᠷᠭᠠᠯᠠᠩ ᠢ᠋ ᠣᠯᠤᠮᠤᠢ ᠃
ᠭᠡᠮᠡᠨ ᠰᠠᠢᠰᠢᠶᠠᠨ ᠢᠷᠦᠭᠡᠭᠡᠳ ᠪᠣᠳᠣᠯᠭᠠᠲᠤ ᠴᠣᠯᠠ ᠬᠠᠢᠷᠠᠯᠠᠨ ᠰᠣᠶᠣᠷᠬᠠᠵᠤ ᠂ ᠰᠢᠳᠠᠷ ᠳᠡᠷᠭᠡᠳᠡ ᠪᠡᠨ ᠪᠠᠢᠯᠭᠠᠪᠠᠢ ᠃
ᠲᠡᠭᠦᠨᠴᠡ ᠳᠡᠢᠯᠦᠭᠰᠡᠨ ᠴᠡᠷᠢᠭ ᠢ᠋ᠶ᠋ᠡᠨ ᠠᠪᠴᠤ ᠠᠪᠠ ᠰᠢᠪᠠᠭᠤ ᠬᠢᠭᠰᠡᠭᠡᠷ ᠤᠯᠤᠰ ᠲᠤᠷ ᠢ᠋ᠶ᠋ᠠᠨ ᠡᠭᠡᠬᠦᠶ᠎ᠡ ᠂ ᠵᠠᠮ ᠳ᠋ᠤᠷ ᠳᠥᠷᠪᠡᠨ ᠬᠥᠪᠡᠭᠦᠨ ᠬᠣᠶᠠᠷ ᠤᠷᠤᠭ ᠳᠠᠷᠠᠭ᠎ᠠ ᠪᠠᠷ ᠤᠭᠲᠤᠵᠤ ᠂ ᠬᠣᠯᠠ ᠳ᠋ᠠᠬᠢ ᠬᠠᠷᠢᠶᠠᠲᠤ ᠠᠢᠮᠠᠭ ᠤ᠋ᠳ ᠴᠥᠮ ᠴᠡᠷᠢᠭ ᠢ᠋ᠶ᠋ᠡᠨ ᠠᠪᠴᠤ ᠳᠣᠪᠲᠣᠯᠤᠯᠴᠠᠨ ᠢᠷᠡᠯᠴᠡᠲᠡᠯᠡ ᠬᠡᠳᠦᠢᠨᠡᠢ ᠳᠡᠢᠯᠦᠭᠰᠡᠨ᠎ᠡ ᠨᠢᠭᠡᠨ ᠡᠪᠦᠯ ᠦ᠋ᠨ ᠭᠠᠪᠢᠶ᠎ᠠ ᠵᠢᠳᠬᠦᠯᠭᠡ ᠶ᠋ᠢ ᠢᠯᠭᠠᠵᠤ ᠂ ᠣᠯᠵᠠᠯᠠᠭᠰᠠᠨ ᠶᠡᠬᠡ ᠣᠯᠵᠠ ᠶ᠋ᠢ ᠪᠠᠢᠴᠠᠭᠠᠨ ᠂ ᠬᠣᠯᠠ ᠤᠯᠤᠰ ᠤ᠋ᠨ ᠳᠣᠪᠲᠣᠯᠤᠯᠴᠠᠨ ᠢᠷᠡᠭᠰᠡᠳ ᠢ᠋ ᠴᠥᠮ ᠦᠯᠡᠳᠡᠭᠡᠵᠦ ᠂ ᠶᠡᠬᠡ ᠪᠠᠶᠠᠷ ᠤ᠋ᠨ ᠬᠤᠷᠢᠮ ᠬᠠᠢᠷᠠᠯᠠᠵᠤ ᠂ ᠵᠢᠯ ᠦ᠋ᠨ ᠳᠣᠣᠷ᠎ᠠ ᠪᠣᠯᠤᠭᠰᠠᠨ ᠲᠤᠯᠠ ᠪᠦᠭᠦᠳᠡᠭᠡᠷ ᠮᠥᠨ ᠬᠠᠷᠢᠭ᠍ᠰᠠᠨ ᠦᠭᠡᠢ ᠂ ᠰᠢᠨ᠎ᠡ ᠵᠢᠯ ᠦ᠋ᠨ ᠴᠠᠭᠠᠯᠠᠬᠤ ᠥᠷᠯᠥᠭᠡ ᠶ᠋ᠢ ᠬᠦᠯᠢᠶᠡᠵᠦ ᠂ ᠲᠠᠢᠽᠦ ᠶ᠋ᠢ ᠬᠠᠭᠠᠨ ᠡᠷᠭᠦᠰᠦᠭᠡᠢ ᠭᠡᠮᠡᠨ ᠵᠥᠪᠯᠡᠯᠳᠦᠮᠦᠢ ᠂ ᠪᠣᠯᠬᠤ ᠡᠰᠡ ᠪᠣᠯᠬᠤ ᠶ᠋ᠢ ᠮᠡᠳᠡᠰᠦᠭᠡᠢ ᠬᠡᠮᠡᠪᠡᠰᠦ ᠰᠤᠳᠤᠷᠴᠢ ᠲᠦᠰᠢᠮᠡᠯ ᠮᠢᠨᠦ ᠴᠡᠴᠡᠭ ᠦ᠋ᠨ ᠬᠦᠷᠢᠶᠡᠯᠡᠩ ᠳ᠋ᠦ᠍ᠷ ᠵᠠᠯᠭᠠᠨ ᠪᠢᠴᠢᠬᠦ ᠶ᠋ᠢ ᠬᠦᠯᠢᠶᠡᠲᠦᠭᠡᠢ ᠃ ᠤᠯᠠᠭᠴᠢᠨ ᠮᠣᠭᠠᠢ ᠵᠢᠯ ᠡᠨᠳᠡ ᠲᠡᠭᠦᠰᠪᠡᠢ ᠃
ᠴᠣᠬᠣᠯᠠᠭᠰᠠᠨ ᠠᠨᠤ
ᠡᠨᠡ ᠪᠦᠯᠦᠭ ᠲᠣᠷ ᠢᠯᠡᠷᠬᠡᠢ ᠢᠨᠤ ᠰᠦᠷ ᠬᠡᠰᠢᠭ ᠬᠣᠶᠠᠷ ᠂ ᠨᠢᠭᠤᠴᠠ ᠠᠨᠤ ᠪᠤᠶᠠᠨ ᠡᠷᠳᠡᠮ ᠬᠣᠶᠠᠷ ᠂ ᠪᠤᠶᠠᠨ ᠡᠷᠳᠡᠮ ᠦ᠋ᠨ ᠦᠨᠳᠦᠰᠦᠨ ᠢᠨᠤ ᠰᠦᠷ ᠬᠡᠰᠢᠭ ᠲᠣᠷ ᠢᠲᠡᠭᠡᠭᠡᠳ ᠬᠡᠰᠢᠭ ᠦ᠋ᠨ ᠤᠭ ᠠᠨᠤ ᠪᠠᠰᠠ ᠴᠤ᠌ ᠪᠤᠶᠠᠨ ᠡᠷᠳᠡᠮ ᠡᠴᠡ ᠡᠳᠦᠵᠦᠬᠦᠢ ᠃ ᠲᠡᠢᠮᠦ ᠶ᠋ᠢᠨ ᠲᠤᠯᠠ ᠢᠯᠠᠵᠤ ᠲᠡᠭᠦᠰ ᠨᠥᠭᠴᠢᠭᠰᠡᠨ ᠢᠯᠡᠳᠡ ᠲᠤᠭᠤᠯᠤᠭᠰᠠᠨ ᠱᠠᠭᠢᠮᠤᠨᠢ ᠪᠤᠷᠬᠠᠨ ᠴᠤ᠌ ᠬᠠᠭᠠᠨ ᠢᠵᠠᠭᠤᠷ ᠲᠤᠷ ᠮᠡᠨᠳᠦᠯᠡᠵᠦ ᠰᠠᠶᠢ ᠪᠤᠷᠬᠠᠨ ᠪᠣᠯᠬᠤ ᠶ᠋ᠢᠨ ᠳᠦᠷᠢ ᠶ᠋ᠢ ᠪᠠᠷᠢᠵᠤᠬᠤᠢ ᠃ ᠴᠣᠬᠣᠮ ᠳ᠋ᠤᠷ ᠪᠤᠷᠬᠠᠨ ᠪᠤᠯᠬᠤᠢ ᠳ᠋ᠤᠷ ᠰᠡᠳᠬᠢᠯ ᠳ᠋ᠦ᠍ᠷ ᠪᠠᠢᠬᠤ ᠪᠣᠢ ᠢ᠋᠎ᠡ ᠂ ᠢᠵᠠᠭᠤᠷ ᠲᠤᠷ ᠦᠭᠡᠢ ᠪᠥᠭᠡᠲᠡᠯ᠎ᠡ ᠣᠨᠴᠠ ᠢᠵᠠᠭᠤᠷ ᠢ᠋ ᠡᠷᠬᠢᠯᠡᠭᠰᠡᠨ ᠢᠨᠤ ᠪᠠᠰᠠ ᠴᠤ᠌ ᠪᠤᠷᠬᠠᠨ ᠪᠣᠯᠬᠤᠢ ᠳ᠋ᠤᠷ ᠳᠥᠭᠥᠮ ᠢ᠋ ᠡᠷᠢᠭᠰᠡᠨ ᠪᠤᠰᠤ ᠤᠤ ? ᠪᠤᠶᠠᠨ ᠠᠨᠤ ᠪᠤᠷᠬᠠᠨ ᠪᠣᠯᠬᠤ ᠶ᠋ᠢᠨ ᠦᠨᠳᠦᠰᠦᠨ ᠂ ᠢᠵᠠᠭᠤᠷ ᠠᠨᠤ ᠪᠤᠷᠬᠠᠨ ᠪᠣᠯᠬᠤ ᠶ᠋ᠢᠨ ᠡᠭᠦᠳᠡ ᠪᠤᠶᠤ ᠃ ᠲᠡᠢᠨ ᠬᠦ᠌ ᠪᠤᠷᠬᠠᠨ ᠤ᠋ ᠪᠤᠶᠠᠨ ᠠᠨᠤ ᠰᠦᠷ ᠂ ᠪᠤᠷᠬᠠᠨ ᠤ᠋ ᠢᠵᠠᠭᠤᠷ ᠠᠨᠤ ᠬᠡᠰᠢᠭ ᠂ ᠰᠦᠷ ᠦᠭᠡᠢ ᠪᠣᠯᠪᠠᠰᠤ ᠬᠡᠰᠢᠭ ᠪᠠᠢᠪᠠᠴᠤ ᠬᠥᠮᠦᠨ ᠰᠢᠲᠦᠬᠦ ᠦᠭᠡᠢ ᠂ ᠰᠦᠷ ᠪᠠᠢᠭᠠᠳ ᠬᠡᠰᠢᠭ ᠦᠭᠡᠢ ᠪᠣᠯᠪᠠᠰᠤ ᠪᠢᠰᠢᠷᠡᠬᠦ ᠦᠭᠡᠢ ᠂ ᠰᠦᠷ ᠬᠡᠰᠢᠭ ᠬᠣᠶᠠᠷ ᠦᠵᠦᠭᠦᠷ ᠲᠣᠷ ᠦᠰᠦᠳ ᠬᠣᠯᠠ ᠪᠥᠭᠡᠲᠡᠯ᠎ᠡ ᠦᠨᠡᠨ ᠢ᠋ ᠬᠡᠯᠡᠪᠡᠰᠦ ᠮᠠᠰᠢ ᠠᠮᠠᠷᠠᠭ ᠬᠠᠯᠠᠭᠤᠨ ᠪᠤᠶᠤ ᠃ ᠶᠠᠭᠤᠨ ᠬᠡᠮᠡᠪᠡᠰᠦ : ᠰᠦᠷ ᠢᠨᠦ ᠡᠮᠦᠨ᠎ᠡ ᠶᠠᠪᠤᠵᠤ ᠬᠡᠰᠢᠭ ᠦ᠋ᠨ ᠵᠠᠮ ᠢ᠋ ᠵᠠᠰᠠᠭᠠᠳ ᠬᠡᠰᠢᠭ ᠢᠨᠤ ᠬᠣᠢᠨ᠎ᠠ ᠠ᠋ᠴᠠ ᠳ᠋ᠠᠭᠠᠨ ᠶᠠᠪᠤᠵᠤ ᠰᠦᠷ ᠦ᠋ᠨ ᠬᠣᠷᠣᠰᠤᠯ ᠢ᠋ ᠠᠷᠢᠯᠭᠠᠬᠤ ᠲᠤᠯᠠ ᠪᠤᠰᠤᠳ ᠰᠠᠶᠢ ᠰᠦᠷ ᠡᠴᠡ ᠢᠨᠤ ᠠᠶᠤᠭᠠᠳ ᠬᠡᠰᠢᠭ ᠢ᠋ ᠢᠨᠦ ᠪᠢᠰᠢᠷᠡᠵᠦᠬᠦᠢ ᠃ ᠲᠡᠢᠮᠦ ᠶ᠋ᠢᠨ ᠲᠤᠯᠠ ᠰᠦᠷ ᠦᠭᠡᠢ ᠪᠣᠯᠪᠠᠰᠤ ᠬᠡᠰᠢᠭ ᠬᠡᠮᠡᠬᠦ ᠦᠭᠡᠢ ᠂ ᠬᠡᠰᠢᠭ ᠦᠭᠡᠢ ᠪᠣᠯᠪᠠᠰᠤ ᠰᠦᠷ ᠬᠡᠮᠡᠬᠦ ᠦᠭᠡᠢ ᠂ ᠰᠦᠷ ᠦ᠋ᠨ ᠦᠨᠳᠦᠰᠦᠨ ᠬᠡᠰᠢᠭ ᠲᠣᠷ ᠪᠣᠢ ᠃ ᠬᠡᠰᠢᠭ ᠦ᠋ᠨ ᠦᠨᠳᠦᠰᠦᠨ ᠰᠦᠷ ᠲᠣᠷ ᠢᠲᠡᠭᠡᠵᠦᠬᠦᠢ ᠃ ᠲᠡᠢᠨ ᠬᠦ᠌ ᠰᠦᠷ ᠬᠡᠮᠡᠭᠴᠢ ᠨᠠᠷᠠᠨ ᠮᠡᠲᠦ ᠂ ᠬᠡᠰᠢᠭ ᠬᠡᠮᠡᠭᠴᠢ ᠰᠠᠷᠠᠨ ᠳ᠋ᠤᠷ ᠠᠳᠠᠯᠢ ᠂ ᠰᠦᠷ ᠦ᠋ᠨ ᠤᠷᠲᠤ ᠪᠣᠯᠬᠤ ᠲᠣᠪᠴᠢᠶ᠎ᠠ ᠶ᠋ᠢ ᠬᠡᠰᠢᠭ ᠪᠠᠷᠢᠵᠤ ᠪᠣᠢ ᠂ ᠬᠡᠰᠢᠭ ᠦ᠋ᠨ ᠬᠥᠮᠦᠨ ᠦ᠌ ᠬᠦᠰᠡᠬᠦ ᠴᠢᠳᠠᠯ ᠢ᠋ ᠰᠦᠷ ᠮᠠᠨᠳᠤᠭᠤᠯᠵᠤ ᠥᠭᠬᠦ ᠲᠤᠯᠠ ᠰᠦᠷ ᠦᠭᠡᠢ ᠪᠣᠯᠪᠠᠰᠤ ᠬᠡᠰᠢᠭ ᠮᠥᠨ ᠦᠭᠡᠢ ᠂ ᠬᠡᠰᠢᠭ ᠦᠭᠡᠢ ᠪᠣᠯᠪᠠᠰᠤ ᠰᠦᠷ ᠮᠥᠨ ᠦᠭᠡᠢ ᠂ ᠰᠦᠷ ᠬᠡᠰᠢᠭ ᠬᠡᠮᠡᠭᠴᠢ ᠬᠡᠯᠡᠬᠦᠢ ᠳ᠋ᠦ᠍ᠷ ᠬᠣᠶᠠᠷ ᠦᠰᠦᠭ ᠪᠣᠯᠪᠠᠴᠤ ᠬᠤᠷᠢᠶᠠᠪᠠᠰᠤ 《ᠮᠡᠷᠭᠡᠨ 》 ᠬᠡᠮᠡᠬᠦ ᠨᠢᠭᠡᠨ ᠦᠰᠦᠭ ᠪᠣᠯᠤᠮᠤᠢ ᠂ ᠮᠡᠷᠭᠡᠨ ᠪᠤᠰᠤ ᠪᠣᠯᠪᠠᠰᠤ ᠰᠦᠷ ᠬᠡᠰᠢᠭ ᠬᠣᠶᠠᠷ ᠢ᠋ ᠲᠡᠩᠴᠡᠭᠦᠯᠦᠨ ᠵᠠᠷᠤᠵᠤ ᠴᠢᠳᠠᠬᠤ ᠦᠭᠡᠢ ᠪᠣᠯᠤᠭᠠᠳ ᠰᠦᠷ ᠢ᠋ ᠬᠡᠲᠦᠷᠡᠭᠦᠯᠵᠦ ᠲᠠᠰᠤᠷᠠᠭᠤᠯᠬᠤ ᠪᠠ ᠡᠰᠡᠬᠦᠯ᠎ᠡ ᠬᠡᠰᠢᠭ ᠢ᠋ ᠬᠡᠲᠦᠷᠡᠭᠦᠯᠦᠭᠡᠳ ᠭᠠᠢᠳᠬᠠᠷᠠᠭᠤᠯᠵᠤ ᠂ ᠰᠦᠷ ᠪᠤᠰᠤ ᠬᠡᠰᠢᠭ ᠪᠤᠰᠤ ᠪᠣᠯᠭᠠᠮᠤᠢ ᠃ ᠰᠦᠷ ᠬᠡᠰᠢᠭ ᠬᠣᠶᠠᠷ ᠢ᠋ ᠬᠠᠷᠢᠯᠴᠠᠨ ᠲᠤᠰᠠᠯᠠᠯᠴᠠᠭᠤᠯᠤᠨ ᠴᠢᠳᠠᠬᠤ ᠠᠨᠤ ᠭᠠᠭᠴᠠ ᠨᠢᠭᠡᠨ ᠮᠡᠷᠭᠡᠨ ᠳ᠋ᠦ᠍ᠷ ᠢᠲᠡᠭᠡᠵᠦᠬᠦᠢ ᠃ ᠬᠡᠷᠪᠡ ᠮᠡᠷᠭᠡᠨ ᠦᠭᠡᠢ ᠪᠣᠯᠪᠠᠰᠤ ᠬᠠᠮᠢᠭ᠎ᠠ ᠠ᠋ᠴᠠ ᠢᠷᠡᠬᠦ ᠰᠦᠷ ᠬᠡᠰᠢᠭ ᠂ ᠮᠡᠷᠭᠡᠨ ᠲᠥᠷᠥᠬᠦᠢ ᠳ᠋ᠦ᠍ᠷ ᠪᠤᠶᠠᠨ ᠤ᠋ ᠬᠥᠷᠥᠩᠭᠡ ᠬᠡᠷᠡᠭ ᠲᠡᠢ ᠂ ᠪᠤᠶᠠᠨ ᠢ᠋ ᠬᠤᠷᠢᠶᠠᠬᠤᠢ ᠳ᠋ᠤᠷ ᠡᠷᠳᠡᠮ ᠢ᠋ ᠴᠣᠭᠴᠠᠯᠠᠬᠤᠢ ᠳ᠋ᠤᠷ ᠰᠢᠯᠲᠠᠭᠠᠨ ᠪᠠᠷᠢᠯᠳᠤᠬᠤ ᠬᠡᠷᠡᠭ ᠲᠡᠢ ᠃ ᠰᠢᠯᠲᠠᠭᠠᠨ ᠢ᠋ ᠪᠠᠷᠢᠯᠳᠤᠭᠤᠯᠬᠤᠢ ᠳ᠋ᠤᠷ ᠪᠠᠰᠠ ᠬᠦ᠌ ᠰᠦᠷ ᠬᠡᠰᠢᠭ ᠬᠡᠷᠡᠭ ᠲᠡᠢ ᠃ ᠲᠡᠢᠨ ᠬᠦ᠌ ᠪᠤᠶᠠᠨ ᠡᠷᠳᠡᠮ ᠰᠦᠷ ᠬᠡᠰᠢᠭ ᠳᠥᠷᠪᠡᠭᠦᠯᠡ ᠲᠡᠷᠭᠡᠨ ᠦ ᠬᠦᠷᠳᠦ ᠮᠡᠲᠦ ᠲᠣᠯᠣᠭᠠᠢ ᠰᠡᠭᠦᠯ ᠵᠠᠯᠭᠠᠯᠳᠤᠨ ᠡᠷᠭᠢᠵᠦ ᠂ ᠭᠣᠣᠯ ᠲᠡᠩᠭᠡᠯᠢᠭ ᠢᠨᠤ ᠮᠡᠷᠭᠡᠨ ᠢ᠋ᠶ᠋ᠡᠷ ᠬᠤᠷᠢᠶᠠᠵᠤᠬᠤᠢ ᠃ ᠡᠨᠡ ᠪᠦᠯᠦᠭ ᠲᠣᠷ ᠮᠤᠬᠤᠯᠢ ᠶ᠋ᠢᠨ ᠬᠡᠷᠡᠢᠳ ᠦ᠋ᠨ ᠬᠣᠶᠠᠷ ᠡᠯᠴᠢ ᠶ᠋ᠢ ᠡᠷᠭᠢᠴᠡᠭᠦᠯᠦᠭᠰᠡᠭᠡᠷ ᠰᠢᠲᠦᠭᠦᠯᠦᠨ ᠪᠢᠰᠢᠷᠡᠭᠦᠯᠵᠦ ᠴᠢᠳᠠᠭᠰᠠᠨ ᠠᠨᠤ ᠴᠥᠮ ᠢ᠋ᠶ᠋ᠠᠷ ᠰᠦᠷ ᠬᠡᠰᠢᠭ ᠢ᠋ ᠲᠡᠭᠰᠢᠳᠬᠡᠨ ᠬᠡᠷᠡᠭᠯᠡᠵᠦ ᠴᠢᠳᠠᠭᠰᠠᠨ ᠳ᠋ᠤᠷ ᠪᠣᠯᠠᠢ ᠃ ᠪᠠᠰᠠ ᠰᠥᠨᠢ ᠲᠠᠢᠽᠦ ᠶ᠋ᠢ ᠨᠣᠢᠷ ᠠ᠋ᠴᠠ ᠵᠠᠯᠠᠨ ᠭᠠᠷᠭᠠᠲᠠᠯ᠎ᠠ ᠡᠷᠬᠡᠲᠡᠢ ᠪᠠᠢᠳᠠᠯ ᠦᠭᠡᠢ ᠢᠨᠢᠶᠡᠨ ᠥᠭᠦᠯᠡᠵᠦ ᠮᠦᠰᠢᠶᠡᠨ ᠠᠰᠠᠭᠤᠬᠤ ᠠᠨᠤ ᠬᠡᠰᠢᠭ ᠪᠣᠯᠠᠢ ᠂ ᠤᠷᠪᠠᠵᠤ ᠰᠥᠷᠦᠭᠰᠡᠨ ᠢ᠋ ᠢᠨᠤ ᠠᠯᠠᠶ᠎ᠠ ᠬᠡᠮᠡᠭᠰᠡᠨ ᠢᠨᠤ ᠰᠦᠷ ᠪᠤᠶᠤ ᠂ ᠮᠤᠬᠤᠯᠢ ᠶ᠋ᠢᠨ ᠦᠨᠡᠨ ᠢ᠋ ᠣᠯᠤᠶ᠎ᠠ ᠬᠡᠮᠡᠭᠰᠡᠨ ᠢᠨᠤ ᠬᠡᠰᠢᠭ ᠪᠣᠯᠠᠢ ᠂ ᠣᠯᠤᠭᠰᠠᠨ ᠢ᠋ ᠬᠣᠢᠨ᠎ᠠ ᠵᠢᠴᠢ ᠬᠡᠯᠡᠯᠴᠡᠶ᠎ᠡ ᠬᠡᠮᠡᠭᠰᠡᠨ ᠢᠨᠤ ᠰᠦᠷ ᠪᠤᠶᠤ ᠃ ᠲᠡᠢᠨ ᠬᠦ᠌ ᠲᠠᠢᠽᠦ ᠮᠤᠬᠤᠯᠢ ᠡᠵᠡᠨ ᠲᠦᠰᠢᠮᠡᠯ ᠬᠣᠶᠠᠭᠤᠯᠠ ᠨᠢᠭᠡᠨ ᠢᠨᠦ ᠰᠦᠷ ᠢ᠋ᠶ᠋ᠡᠨ ᠪᠠᠳᠠᠷᠠᠭᠤᠯᠪᠠᠰᠤ ᠂ ᠨᠢᠭᠡᠨ ᠢᠨᠦ ᠬᠡᠰᠢᠭ ᠢ᠋ᠶ᠋ᠡᠨ ᠵᠠᠷᠯᠠᠵᠤ ᠂ ᠨᠢᠭᠡᠨ ᠢᠨᠦ ᠬᠡᠰᠢᠭ ᠢ᠋ᠶ᠋ᠡᠨ ᠬᠦᠷᠲᠡᠭᠡᠪᠡᠰᠦ ᠂ ᠨᠢᠭᠡᠨ ᠢᠨᠦ ᠰᠦᠷ ᠢ᠋ᠶ᠋ᠡᠨ ᠬᠡᠷᠡᠭᠯᠡᠵᠦ ᠂ ᠲᠠᠰᠤᠷᠠᠬᠤ ᠪᠠ ᠭᠠᠢᠳᠬᠠᠷᠠᠬᠤᠢ ᠳ᠋ᠤᠷ ᠴᠥᠮ ᠬᠦᠷᠦᠭᠦᠯᠬᠦ ᠦᠭᠡᠢ ᠢᠨᠦ ᠡᠭᠡᠨᠡᠭᠲᠡ ᠨᠢᠭᠡᠨ ᠮᠡᠷᠭᠡᠨ ᠦ᠌ ᠴᠢᠳᠠᠯ ᠳ᠋ᠤᠷ ᠪᠣᠯᠠᠢ ᠃ ᠡᠨᠡ ᠪᠦᠯᠦᠭ ᠡᠬᠢᠯᠡᠭᠰᠡᠨ ᠡᠴᠡ ᠤᠳᠠᠭ᠎ᠠ ᠳᠠᠷᠠᠭ᠎ᠠ ᠴᠥᠮ ᠰᠦᠷ ᠢ᠋ᠶ᠋ᠡᠷ ᠡᠬᠢᠯᠡᠭᠰᠡᠭᠡᠷ ᠢᠷᠡᠭᠰᠡᠨ ᠪᠥᠭᠡᠳ ᠰᠡᠭᠦᠯ ᠳ᠋ᠦ᠍ᠷ ᠭᠡᠨᠡᠳᠲᠡ ᠨᠢᠭᠡᠨ ᠬᠡᠮᠵᠢᠶ᠎ᠡ ᠦᠭᠡᠢ ᠬᠡᠰᠢᠭ ᠢ᠋ᠶ᠋ᠡᠷ ᠲᠡᠭᠦᠰᠬᠡᠵᠦᠬᠦᠢ ᠃ ᠡᠷᠲᠡ ᠱᠤ᠌ ᠤᠯᠤᠰ ᠤ᠋ᠨ ᠵᠣ᠌ ᠭᠧ ᠡᠦ ᠾᠧᠦ ᠮᠠᠨ ᠤᠯᠤᠰ ᠢ᠋ ᠳᠣᠯᠣᠭᠠᠨᠲᠠ ᠬᠡᠰᠢᠭ ᠢ᠋ᠶ᠋ᠡᠷ ᠰᠢᠲᠦᠭᠦᠯᠦᠭᠰᠡᠨ ᠢ᠋ ᠪᠢ ᠦᠵᠡᠬᠦ ᠪᠦᠷᠢ ᠭᠠᠢᠬᠠᠭᠰᠠᠨ ᠪᠥᠯᠥᠭᠡ ᠃ ᠡᠨᠡ ᠪᠢᠴᠢᠭ ᠦ᠋ᠨ ᠲᠠᠢᠽᠦ ᠪᠣᠭᠳᠠ ᠬᠡᠷᠡᠢᠳ ᠠᠢᠮᠠᠭ ᠢ᠋ ᠨᠠᠢ᠍ᠮᠠᠨ ᠵᠡᠷᠭᠡ ᠬᠡᠰᠢᠭ ᠢ᠋ᠶ᠋ᠡᠷ ᠰᠢᠲᠦᠭᠦᠯᠬᠦ ᠬᠡᠷᠡᠭ ᠭᠠᠷᠴᠤ ᠢᠷᠡᠭᠰᠡᠨ᠎ᠡ ᠦᠨᠡᠬᠡᠷ ᠭᠠᠢᠬᠠᠪᠠᠢ ᠃ ᠮᠠᠨ ᠤ᠋ ᠤᠯᠤᠰ ᠤ᠋ᠨ ᠮᠧᠩ ᠾᠦ᠋ᠸᠧ ᠬᠡᠳᠦᠢ ᠶᠣᠰᠣ ᠰᠤᠷᠭᠠᠯ ᠡᠰᠡ ᠨᠡᠪᠲᠡᠷᠡᠬᠦ ᠭᠠᠵᠠᠷ ᠲᠥᠷᠥᠪᠡ ᠭᠡᠪᠡᠴᠦ ᠡᠴᠦᠰ ᠲᠦ᠍ᠷ ᠤᠳᠠᠭᠠᠨ ᠤ᠋ ᠬᠡᠰᠢᠭ ᠲᠣᠷ ᠳᠠᠰᠤᠯ ᠦᠭᠡᠢ ᠭᠡᠰᠴᠦ ᠬᠠᠢᠯᠵᠤᠬᠤᠢ ᠃ ᠡᠨᠡ ᠬᠡᠷᠡᠢᠳ ᠤᠯᠤᠰ ᠤ᠋ᠨ ᠾᠧ ᠸᠠᠩ ᠪᠠᠰᠠ ᠴᠤ᠌ ᠶᠣᠰᠣ ᠰᠤᠷᠭᠠᠯ ᠦᠯᠦ ᠬᠦᠷᠬᠦ ᠭᠠᠵᠠᠷ ᠲᠥᠷᠥᠪᠡ ᠂ ᠭᠡᠪᠡᠴᠦ ᠤᠭ ᠠ᠋ᠴᠠ ᠲᠥᠷᠥᠯᠬᠢ ᠶ᠋ᠢᠨ ᠮᠤᠩᠬᠠᠭ ᠤ᠋ᠨ ᠤᠴᠢᠷ ᠲᠤᠷ ᠡᠭᠡᠨᠡᠭᠲᠡ ᠬᠠᠷᠢᠨ ᠠᠯᠠᠭᠳᠠᠵᠤ ᠮᠥᠬᠥᠵᠦᠬᠦᠢ ᠃ ᠲᠡᠢᠨ ᠬᠦ᠌ ᠲᠠᠢᠽᠦ ᠶ᠋ᠢᠨ ᠬᠡᠰᠢᠭ ᠬᠤᠷ᠎ᠠ ᠮᠡᠲᠦ ᠬᠡᠮᠡᠬᠦᠢ ᠳ᠋ᠦ᠍ᠷ ᠮᠤᠬᠤᠯᠢ ᠶ᠋ᠢᠨ ᠰᠦᠷ ᠠᠶᠤᠩᠭ᠎ᠠ ᠠᠳᠠᠯᠢ ᠲᠤᠯᠠ ᠶᠡᠬᠡ ᠶᠤᠸᠠᠨ ᠤᠯᠤᠰ ᠤ᠋ᠨ ᠲᠤᠯᠭᠤᠷ ᠲᠥᠷᠥ ᠪᠦᠲᠦᠭᠰᠡᠨ ᠪᠣᠯᠠᠢ ᠃ ᠨᠡᠢᠲᠡ ᠶ᠋ᠢ ᠬᠤᠷᠢᠶᠠᠮᠵᠢᠯᠠᠨ ᠬᠡᠯᠡᠪᠡᠰᠦ ᠪᠤᠶᠠᠨ ᠪᠠᠷᠢᠯᠳᠤᠯᠭ᠎ᠠ ᠪᠡᠯᠭᠡ ᠰᠢᠯᠲᠠᠭᠠᠨ ᠬᠡᠮᠡᠮᠦᠢ ᠃
