ᠬᠥᠬᠡ ᠰᠤᠳᠤᠷ - ᠢᠨᠵᠠᠨᠨᠠᠰᠢ <ᠭᠤᠴᠢᠨ ᠬᠣᠶᠠᠳᠤᠭᠠᠷ ᠪᠦᠯᠦᠭ > Хөх судар - Инжинаш <Гучин хоёрдугаар бүлэг >
ᠠᠰᠠᠷᠠᠯᠲᠤ ᠲᠠᠢᠽᠦ ᠥᠨᠳᠥᠷ ᠰᠣᠶᠣᠷᠬᠠᠯ ᠢ᠋ᠶ᠋ᠠᠷ ᠵᠠᠭᠤᠨ ᠰᠠᠢᠳ ᠢ᠋ ᠡᠨᠡᠷᠢᠭᠦᠯᠪᠡ
ᠠᠷᠭᠠᠲᠤ ᠮᠤᠬᠤᠯᠢ ᠥᠷᠦᠰᠢᠶᠡᠯ ᠡᠷᠳᠡᠮ ᠢ᠋ᠶ᠋ᠡᠷ ᠬᠣᠶᠠᠷ ᠠᠢᠮᠠᠭ ᠢ᠋ ᠬᠠᠷᠢᠭᠤᠯᠪᠠ
ᠭᠤᠴᠢᠨ ᠬᠣᠶᠠᠳᠤᠭᠠᠷ ᠪᠦᠯᠦᠭ
ᠰᠥᠩ ᠤᠯᠤᠰ ᠤ᠋ᠨ ᠨᠢᠩᠽᠦ᠋ᠩ ᠬᠠᠭᠠᠨ ᠤ᠋ ᠶ᠋ᠢᠶᠠ ᠲᠠᠢ ᠶ᠋ᠢᠨ ᠲᠡᠷᠢᠭᠦᠨ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋
ᠲᠠᠢ ᠾᠧ ᠶ᠋ᠢᠨ ᠲᠡᠷᠢᠭᠦᠨ ᠣᠨ ᠂ ᠴᠠᠭᠠᠭᠴᠢᠨ ᠲᠠᠬᠢᠶ᠎ᠠ ᠵᠢᠯ ᠪᠠᠢᠭᠰᠠᠭᠠᠷ ᠂ ᠲᠠᠢᠽᠦ ᠳᠥᠴᠢᠨ ᠰᠡᠭᠦᠳᠡᠷ ᠲᠡᠢ
ᠠᠰᠠᠷᠠᠯᠲᠤ ᠲᠠᠢᠽᠦ ᠥᠨᠳᠥᠷ ᠰᠣᠶᠣᠷᠬᠠᠯ ᠢ᠋ᠶ᠋ᠠᠷ ᠵᠠᠭᠤᠨ ᠰᠠᠢᠳ ᠢ᠋ ᠡᠨᠡᠷᠢᠭᠦᠯᠪᠡ
ᠠᠷᠭᠠᠲᠤ ᠮᠤᠬᠤᠯᠢ ᠥᠷᠥᠰᠢᠶᠡᠯ ᠡᠷᠳᠡᠮ ᠢ᠋ᠶ᠋ᠡᠷ ᠬᠣᠶᠠᠷ ᠠᠢᠮᠠᠭ ᠢ᠋ ᠬᠠᠷᠢᠭᠤᠯᠪᠠ
ᠲᠡᠨᠳᠡᠴᠡ ᠲᠠᠢᠶᠠᠩ ᠬᠠᠭᠠᠨ ᠤ᠋ ᠬᠥᠪᠡᠭᠦᠨ ᠠᠯᠲᠠᠨᠱᠠᠭ᠎ᠠ ᠬᠠᠷᠠᠬᠠᠨ ᠡᠪᠡᠳᠴᠢᠨ ᠢ᠋ᠶ᠋ᠡᠨ ᠰᠠᠪᠬᠢᠷᠠᠮᠠᠭ᠌ᠴᠠ ᠬᠠᠲᠠᠭᠤᠵᠢᠨ ᠪᠣᠰᠴᠤ ᠨᠥᠬᠥᠳ ᠢ᠋ᠶ᠋ᠡᠨ ᠠᠪᠤᠨ ᠰᠡᠳᠬᠢᠯ ᠠᠮᠤᠷ ᠦᠭᠡᠢ ᠪᠡᠷ ᠤᠯᠤᠰ ᠤ᠋ᠨ ᠵᠦᠭ ᠰᠡᠬᠦᠭᠦᠯᠬᠦᠶᠡ᠂ ᠭᠡᠨᠡᠳᠲᠡ ᠬᠣᠲᠠ ᠠᠭᠤᠯᠠᠨ ᠤ᠋ ᠵᠡᠪᠡ ᠡᠴᠡ ᠨᠢᠭᠡᠨ ᠠᠩᠭᠢ ᠴᠡᠷᠢᠭ ᠴᠣᠬᠢᠨ ᠭᠠᠷᠴᠤ ᠢᠷᠡᠭᠰᠡᠨ ᠳ᠋ᠦ᠍ᠷ ᠬᠠᠮᠢᠭ᠎ᠠ ᠠ᠋ᠴᠠ ᠢᠷᠡᠭᠰᠡᠨ ᠴᠡᠷᠢᠭ ᠢ᠋ ᠣᠯᠵᠤ ᠮᠡᠳᠡᠬᠦ ᠦᠭᠡᠢ ᠶᠡᠬᠡᠯ᠎ᠡ ᠰᠣᠴᠢᠨ ᠳᠠᠭᠠᠭᠰᠠᠨ ᠠᠷᠠᠳ ᠢ᠋ ᠢᠯᠡᠭᠡᠵᠦ ᠠᠰᠠᠭᠤᠯᠭᠠᠪᠠᠰᠤ᠂ ᠦᠵᠡᠰᠡ ᠢᠯᠳᠡᠰᠢ ᠮᠥᠷᠡᠨ ᠦ᠌ ᠮᠠᠢᠯᠵᠢ ᠠᠢᠮᠠᠭ ᠤ᠋ᠨ ᠡᠵᠡᠨ ᠲᠣᠳᠣ᠂ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ ᠬᠣᠶᠠᠭᠤᠯᠠ ᠶ᠋ᠢᠨ ᠨᠢᠭᠡᠨ ᠠᠩᠭᠢ ᠴᠡᠷᠢᠭ ᠵᠠᠮᠤᠬ᠎ᠠ ᠯᠤᠭ᠎ᠠ ᠣᠷᠭᠣᠬᠤᠶᠠ᠂ ᠵᠠᠮᠤᠬ᠎ᠠ ᠵᠠᠯᠮ᠎ᠠ ᠳ᠋ᠤᠷ ᠪᠠᠷᠢᠭ᠍ᠳᠠᠵᠤ᠂ ᠪᠠᠰᠠ ᠪᠦᠲᠦᠨ᠎ᠡ ᠶ᠋ᠢᠨ ᠢᠯᠠᠭᠤᠭᠰᠠᠨ ᠭᠡᠨᠡᠳᠲᠡ ᠪᠧᠲ᠋ᠠ᠋ ᠤᠯᠤᠰ ᠤ᠋ᠨ ᠲᠤᠭ ᠬᠢᠭᠢᠷᠢ ᠶ᠋ᠢ ᠬᠤᠪᠢᠯᠭᠠᠨ ᠪᠣᠰᠬᠠᠭᠰᠠᠨ ᠳ᠋ᠤᠷ ᠰᠡᠵᠢᠭᠯᠡᠭᠡᠳ ᠨᠡᠬᠡᠭᠰᠡᠨ ᠦᠭᠡᠢ᠂ ᠵᠠᠮ ᠡᠨᠳᠡᠭᠦᠯᠦᠨ ᠶᠠᠪᠤᠵᠤ ᠨᠠᠢ᠍ᠮᠠᠨ ᠤ᠋ ᠤᠯᠤᠰ ᠲᠤᠷ ᠬᠦᠷᠪᠡᠰᠦ ᠸᠠᠩᠬᠦᠪ ᠠᠢᠮᠠᠭ ᠤ᠋ᠨ ᠳᠠᠴᠢᠩᠬᠣᠷᠯᠣ ᠲᠡᠷᠢᠭᠦᠯᠡᠨ ᠨᠠᠢ᠍ᠮᠠᠨ ᠤ᠋ ᠶᠡᠬᠡ ᠬᠣᠷᠣᠭ᠎ᠠ ᠶ᠋ᠢ ᠬᠡᠳᠦᠢᠨᠡᠢ ᠠᠪᠤᠭᠰᠠᠨ ᠲᠤᠯᠠ ᠶᠡᠬᠡᠯ᠎ᠡ ᠠᠶᠤᠵᠤ ᠪᠠᠰᠠ ᠳᠤᠲᠠᠭᠠᠨ ᠠᠢᠮᠠᠭ ᠲᠤᠷ ᠢ᠋ᠶ᠋ᠠᠨ ᠡᠭᠡᠬᠦ ᠠᠵᠤᠭᠤ᠃
ᠲᠡᠳᠦᠢ ᠠᠯᠲᠠᠨᠱᠠᠭ᠎ᠠ ᠳ᠋ᠤᠷ ᠤᠴᠠᠷᠠᠵᠤ ᠴᠡᠷᠢᠭ ᠳᠠᠷᠤᠭᠳᠠᠭᠰᠠᠨ ᠪᠠ ᠤᠯᠤᠰ ᠮᠥᠬᠥᠭᠰᠡᠨ ᠢ᠋ ᠪᠦᠷᠢᠨ᠎ᠡ ᠬᠡᠯᠡᠭᠰᠡᠨ ᠳ᠋ᠦ᠍ᠷ ᠠᠯᠲᠠᠨᠱᠠᠭ᠎ᠠ ᠴᠢᠬᠤᠯᠳᠠᠨ ᠭᠠᠰᠢᠭᠤᠳᠠᠵᠤ ᠬᠠᠷᠠᠩᠭᠤᠳᠤᠨ ᠤᠨᠠᠭᠰᠠᠨ ᠢ᠋ ᠪᠦᠭᠦᠳᠡᠭᠡᠷ ᠤᠰᠤ ᠦᠯᠢᠶᠡᠨ ᠲᠡᠩᠬᠡᠷᠡᠭᠦᠯᠦᠨ ᠪᠣᠰᠬᠠᠪᠠ ᠃ ᠠᠯᠲᠠᠨᠱᠠᠭ᠎ᠠ ᠲᠡᠭᠷᠢ ᠶ᠋ᠢ ᠬᠠᠨᠳᠤᠵᠤ ᠳᠠᠭᠤ ᠲᠠᠯᠪᠢᠨ ᠥᠨᠳᠥᠷ ᠳᠠᠭᠤᠨ ᠢ᠋ᠶ᠋ᠠᠷ ᠤᠬᠢᠯᠠᠵᠤ ᠡᠢᠨ ᠥᠭᠦᠯᠡᠷᠦᠨ :
ᠠᠰᠠᠷᠠᠯ ᠶᠡᠬᠡᠲᠦ ᠬᠠᠭᠠᠨ ᠡᠴᠢᠭᠡ ᠮᠢᠨᠦ ᠬᠠᠮᠢᠭᠠᠰᠢ ᠡᠴᠢᠭᠰᠡᠨ ᠪᠣᠯᠪᠠ ?
ᠠᠳᠠᠭ ᠮᠠᠭᠤ ᠵᠠᠮᠤᠬ᠎ᠠ ᠶ᠋ᠢᠨ ᠦᠭᠡ ᠳ᠋ᠦ᠍ᠷ ᠭᠡᠨᠡᠳᠡᠭᠳᠡᠪᠡ ᠦᠦ ?
ᠠᠴᠢ ᠦᠭᠡᠢ ᠡᠨᠡ ᠪᠡᠶ᠎ᠡ ᠡᠴᠢᠭᠡ ᠶᠦ᠍ᠭᠡᠨ ᠠᠯᠳᠠᠭᠠᠳ
ᠠᠯᠪᠠᠲᠤ ᠤᠯᠤᠰ ᠠᠯᠢᠪᠠ ᠪᠦᠬᠦᠨ ᠡᠴᠡ ᠪᠡᠨ ᠴᠥᠮ ᠬᠠᠭᠠᠴᠠᠪᠠ᠃
ᠠᠶ᠎ᠠ ᠣᠳᠣ ᠡᠨᠡ ᠪᠡᠶ᠎ᠡ ᠮᠢᠨᠦ ᠠᠯᠢ ᠲᠡᠰᠢ ᠡᠴᠢᠶ᠎ᠡ ?
ᠠᠯᠲᠠ ᠮᠢᠨᠦ ᠦᠬᠦᠬᠦ ᠢᠨᠦ ᠡᠨᠡ ᠭᠠᠵᠠᠷ ᠪᠣᠢ ᠶᠠ᠂
ᠠᠷᠪᠠᠨ ᠬᠤᠪᠢ ᠳᠠᠷᠤᠭᠳᠠᠬᠤ ᠶ᠋ᠢ ᠮᠡᠳᠡᠵᠦ ᠳᠠᠬᠢᠨ ᠳᠠᠪᠲᠠᠨ ᠬᠣᠷᠢᠭ᠍ᠯᠠᠳᠠᠯᠠ
ᠠᠳᠠᠪᠠᠰᠢ ᠪᠠᠢᠯᠳᠤᠨ ᠬᠡᠮᠡᠭᠰᠡᠭᠡᠷ ᠤᠯᠤᠰ ᠭᠡᠷ ᠢ᠋ ᠡᠪᠳᠡᠪᠡᠢ !
ᠭᠡᠮᠡᠨ ᠶᠡᠬᠡᠯ᠎ᠡ ᠤᠬᠢᠯᠠᠨ ᠬᠠᠷᠠᠩᠭᠤᠳᠬᠤᠢ ᠳ᠋ᠤᠷ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ ᠦᠷᠦ ᠡᠪᠡᠳᠴᠦ ᠠᠢᠮᠠᠭ ᠲᠤᠷ ᠢ᠋ᠶ᠋ᠠᠨ ᠠᠪᠠᠴᠢᠰᠤᠭᠠᠢ ᠬᠡᠮᠡᠭᠰᠡᠨ ᠢ᠋ ᠲᠣᠳᠣ ᠮᠠᠭᠤ ᠰᠡᠳᠬᠢᠯ ᠭᠠᠷᠭᠠᠨ ᠬᠣᠷᠢᠭ᠍ᠯᠠᠨ ᠵᠣᠭᠰᠣᠭᠠᠪᠠ᠃ ᠲᠡᠢᠨ ᠬᠦ᠌ ᠠᠯᠲᠠᠨᠱᠠᠭ᠎ᠠ ᠶ᠋ᠢᠨ ᠡᠪᠡᠳᠴᠢᠨ ᠳᠠᠬᠢᠨ ᠦᠳᠡᠷᠡᠭᠡᠳ ᠵᠠᠮ ᠳ᠋ᠤᠷ ᠬᠡᠪᠲᠡᠪᠡᠢ᠃ ᠲᠡᠳᠦᠢ ᠠᠯᠲᠠᠨᠱᠠᠭ᠎ᠠ ᠶ᠋ᠢᠨ ᠣᠢᠷ᠎ᠠ ᠳᠠᠭᠠᠬᠤ ᠢᠳᠡᠷ ᠳᠣᠪᠣ ᠶ᠋ᠢᠨ ᠬᠥᠪᠡᠭᠦᠨ ᠦᠨᠡᠨ ᠴᠢᠭᠳᠦ ᠡᠵᠡᠨ ᠢ᠋ᠶ᠋ᠡᠨ ᠤᠬᠢᠯᠠᠨ ᠵᠣᠪᠠᠬᠤ ᠶ᠋ᠢ ᠵᠣᠭᠰᠣᠭᠠᠵᠤ ᠠᠷᠭᠠᠴᠠᠰᠬᠢᠨ ᠪᠤᠯᠤᠤ ᠸᠠᠩ ᠤ᠋ᠨ ᠬᠠᠭᠤᠴᠢᠨ ᠨᠠᠢ᠍ᠮᠠᠨ ᠳ᠋ᠤᠷ ᠠᠪᠠᠴᠢᠬᠤᠶ᠎ᠠ ᠴᠢᠪᠬᠢᠲᠡᠯ᠎ᠡ ᠪᠤᠯᠤᠤ ᠸᠠᠩ᠂ ᠬᠥᠪᠡᠭᠦᠨ ᠴᠢᠦᠢ ᠴᠦ᠍ ᠯᠢᠦᠢ ᠨᠠᠷ ᠴᠡᠷᠢᠭ ᠢ᠋ᠶ᠋ᠡᠨ ᠴᠥᠮ ᠠᠪᠲᠠᠭᠠᠳ ᠪᠡᠶ᠎ᠡ ᠳ᠋ᠦ᠍ᠷ ᠰᠢᠷᠬ᠎ᠠ ᠣᠯᠵᠤ ᠵᠠᠢᠳᠠᠩ ᠮᠣᠷᠢ ᠪᠠᠷ ᠤᠷᠭᠤᠨ ᠬᠠᠷᠢᠵᠤ ᠢᠷᠡᠭᠰᠡᠨ ᠳ᠋ᠦ᠍ᠷ ᠤᠴᠠᠷᠠᠵᠤ᠂ ᠪᠤᠯᠤᠤ ᠸᠠᠩ ᠬᠠᠷᠢᠨ ᠢᠴᠢᠭᠦᠷᠢ ᠪᠡᠨ ᠠᠭᠤᠷ ᠬᠤᠪᠢᠯᠭᠠᠵᠤ᠂ ᠠᠯᠲᠠᠨᠱᠠᠭ᠎ᠠ ᠶ᠋ᠢ《ᠬᠥᠮᠦᠨ ᠦ᠌ ᠵᠤᠯᠵᠠᠭ᠎ᠠ ᠪᠤᠰᠤ᠂ ᠡᠴᠢᠭᠡ ᠢᠨᠦ ᠠᠯᠠᠭᠳᠠᠵᠤ ᠪᠠᠢᠲᠠᠯ᠎ᠠ ᠴᠢ ᠡᠪᠡᠳᠴᠢᠨ ᠳ᠋ᠦ᠍ᠷ ᠰᠢᠯᠲᠠᠵᠤ ᠵᠠᠢᠯᠠᠪᠠ᠃ ᠪᠠᠰᠠ ᠡᠯᠳᠡᠪ ᠢ᠋ᠶ᠋ᠡᠷ ᠮᠠᠭᠤ ᠢᠷᠣ᠎ᠠ ᠡᠳᠦᠭᠰᠡᠭᠡᠷ᠂ ᠰᠢᠨ᠎ᠡ ᠨᠠᠢ᠍ᠮᠠᠨ ᠢ᠋ ᠮᠥᠬᠥᠭᠡᠬᠦᠢ ᠳ᠋ᠦ᠍ᠷ ᠭᠥᠷᠥᠭᠦᠯᠪᠡ ! ᠣᠳᠣ ᠴᠢᠨᠦ ᠰᠠᠨᠠᠭᠠᠨ ᠢ᠋ᠶ᠋ᠠᠷ ᠢᠷᠡᠪᠡᠦ ? 》 ᠭᠡᠮᠡᠨ ᠦᠭᠡ ᠪᠤᠰᠤ ᠪᠠᠷ ᠬᠡᠯᠡᠬᠦᠢ ᠳ᠋ᠦ᠍ᠷ ᠠᠯᠲᠠᠨᠱᠠᠭ᠎ᠠ ᠨᠢᠭᠡᠨᠲᠡ ᠡᠨᠡ ᠬᠢᠷᠢ ᠳ᠋ᠦ᠍ ᠬᠥᠮᠦᠨ ᠯᠦ᠍ᠭᠡ ᠦᠭᠡ ᠬᠡᠯᠡᠯᠴᠡᠬᠦ ᠢᠨᠦ ᠢᠯᠡᠭᠦᠴᠡ ᠬᠡᠷᠡᠭ ᠲᠤᠯᠠ ᠣᠨᠴᠠ ᠦᠬᠦᠬᠦ ᠪᠡᠨ ᠬᠦᠯᠢᠶᠡᠨ ᠡᠪᠡᠳᠴᠢᠨ ᠨᠢᠭᠡᠨᠲᠡ ᠲᠠᠭᠠᠮᠵᠢᠷᠠᠨ ᠬᠡᠪᠲᠡᠪᠡ᠃
ᠲᠡᠨᠳᠡᠴᠡ ᠲᠠᠢᠽᠦ ᠤᠯᠤᠰ ᠲᠤᠷ ᠬᠦᠷᠴᠦ ᠭᠠᠳᠠᠨ᠎ᠠ ᠳᠠᠭᠠᠭᠰᠠᠨ ᠤᠯᠤᠰ ᠢ᠋ ᠰᠠᠬᠢᠭ᠍ᠰᠠᠨ ᠨᠡᠢᠲᠡ ᠶ᠋ᠢ ᠳᠠᠬᠢᠨ ᠱᠠᠩᠨᠠᠬᠤᠶ᠎ᠠ᠂ ᠵᠠᠮᠤᠬ᠎ᠠ ᠶ᠋ᠢ ᠬᠤᠷᠢᠮ ᠤ᠋ᠨ ᠡᠮᠦᠨ᠎ᠡ ᠠᠴᠢᠷᠠᠭᠤᠯᠵᠤ᠂ ᠲᠡᠭᠦᠨ ᠦ᠌ ᠠᠷᠪᠠᠨ ᠶᠠᠯ᠎ᠠ ᠶ᠋ᠢ ᠲᠣᠭᠠᠴᠢᠵᠤ ᠠᠰᠠᠭᠤᠬᠤᠢ ᠳ᠋ᠤᠷ ᠵᠠᠮᠤᠬ᠎ᠠ ᠭᠠᠭᠴᠠ ᠲᠣᠯᠣᠭᠠᠢ ᠠᠪᠤᠰᠢ ᠦᠭᠡᠢ ᠮᠥᠷᠭᠥᠵᠦ : 《ᠡᠵᠡᠨ ᠮᠢᠨᠦ ᠠᠮᠢᠨ ᠢ᠋ ᠬᠡᠯᠲᠦᠷᠢᠭᠦᠯᠪᠡᠰᠦ ᠦᠯᠡᠭᠰᠡᠨ ᠨᠠᠢ᠍ᠮᠠᠨ ᠤ᠋ ᠪᠤᠯᠤᠤ ᠸᠠᠩ ᠡᠴᠢᠭᠡ ᠬᠥᠪᠡᠭᠦᠨ ᠪᠠ ᠮᠠᠢᠯᠵᠢ ᠠᠢᠮᠠᠭ ᠤ᠋ᠨ ᠲᠣᠳᠣ᠂ ᠸᠠᠢᠯᠠ ᠠᠢᠮᠠᠭ ᠤ᠋ᠨ ᠬᠤᠪᠢᠲᠤ ᠬᠤᠸᠠ ᠶ᠋ᠢ ᠪᠣᠭᠣᠯ ᠪᠢ ᠬᠡᠯᠡᠯᠴᠡᠨ ᠳᠠᠭᠠᠭᠤᠯᠰᠤᠭᠠᠢ ! 》ᠬᠡᠮᠡᠬᠦᠢ ᠳ᠋ᠦ᠍ᠷ ᠲᠠᠢᠽᠦ ᠲᠡᠷᠢᠭᠦᠯᠡᠨ ᠲᠥᠷᠥ ᠶ᠋ᠢᠨ ᠬᠣᠲᠠᠯᠠᠭᠠᠷ ᠴᠥᠮ ᠢᠨᠢᠶᠡᠭᠰᠡᠨ ᠳ᠋ᠦ᠍ᠷ ᠲᠠᠢᠽᠦ ᠮᠦᠰᠢᠶᠡᠭᠰᠡᠭᠡᠷ ᠥᠭᠦᠯᠡᠷᠦᠨ : 《ᠳᠦᠷᠰᠦ ᠦᠭᠡᠢ ᠶᠠᠭᠤᠮ᠎ᠠ ᠴᠢ ᠳᠥᠷᠪᠡᠨ ᠰᠢᠭᠢᠷ᠎ᠡ ᠪᠡᠨ ᠴᠥᠮ ᠠᠪᠲᠠᠭᠠᠳ ᠲᠣᠢᠯᠠᠰᠢ ᠦᠭᠡᠢ ᠬᠤᠢᠬᠤᠷ ᠴᠢᠨᠦ ᠳᠥᠷᠪᠡᠨ ᠳᠠᠯᠠᠢ ᠶ᠋ᠢ ᠮᠡᠬᠡᠯᠡᠮᠦᠢ ᠭᠡᠮᠡᠨ ᠣᠭᠣᠯᠢ ᠶ᠋ᠢᠨ ᠬᠣᠩᠰᠢᠶᠠᠷ ᠢ᠋ᠶ᠋ᠠᠷ ᠢ᠋ᠶ᠋ᠠᠨ ᠪᠠᠰᠠ ᠤᠷᠠᠯᠠᠵᠤ ᠪᠤᠰᠤᠳ ᠤ᠋ᠨ ᠠᠳᠠᠯᠢ ᠨᠠᠮᠠᠶ᠋ᠢ ᠪᠠᠰᠠ ᠮᠡᠬᠡᠯᠡᠰᠦᠭᠡᠢ ᠬᠡᠮᠡᠮᠦᠢ ᠦᠦ ? 》 ᠭᠡᠮᠡᠨ ᠾᠧ ᠸᠠᠩ ᠤ᠋ᠨ ᠬᠥᠪᠡᠭᠦᠨ ᠲᠤᠰᠬᠤ ᠶ᠋ᠢ ᠳᠠᠭᠤᠳᠠᠵᠤ ᠵᠠᠬᠢᠷᠤᠨ : 《ᠴᠢᠮᠠᠶ᠋ᠢ ᠡᠳᠦᠭᠡ ᠴᠢᠨᠦ ᠡᠴᠢᠭᠡ ᠶ᠋ᠢ ᠬᠣᠶᠠᠷ ᠠᠩᠭᠢ ᠲᠠᠰᠤ ᠴᠠᠪᠴᠢᠵᠤ ᠠᠯᠠᠭᠰᠠᠨ ᠴᠢᠰᠤᠨ ᠢ᠋ ᠤᠤᠭᠤᠯᠲᠠᠢ ᠣᠭᠣᠯᠢ ᠮᠡᠲᠦ ᠵᠠᠮᠤᠬ᠎ᠠ ᠶ᠋ᠢ ᠦᠵᠡᠵᠦ ᠠᠯᠠᠬᠤ ᠲᠦᠰᠢᠮᠡᠯ ᠪᠣᠯᠭᠠᠨ ᠲᠤᠰᠢᠶᠠᠰᠤᠭᠠᠢ᠂ ᠴᠢ ᠠᠪᠠᠴᠢᠵᠤ ᠣᠭᠲᠣᠴᠢᠨ ᠠᠯᠠᠵᠤ ᠣᠯᠠᠨ ᠳ᠋ᠤᠷ ᠦᠵᠡᠭᠦᠯᠦᠨ ᠴᠢᠨᠦ ᠡᠴᠢᠭᠡ ᠶ᠋ᠢᠨ ᠬᠡᠭᠦᠷ ᠦ᠋ᠨ ᠡᠮᠦᠨ᠎ᠡ ᠳᠠᠬᠢᠵᠤ ᠬᠣᠷᠣᠰᠤᠯ ᠢ᠋ᠶ᠋ᠠᠨ ᠠᠯᠳᠠᠷᠠᠭ᠎ᠠ ! 》ᠭᠡᠮᠡᠨ ᠲᠤᠰᠢᠶᠠᠨ ᠥᠭᠪᠡ᠃ ᠡᠭᠦᠨ ᠳ᠋ᠦ᠍ᠷ ᠬᠡᠷᠡᠢᠳ ᠦ᠋ᠨ ᠲᠤᠰᠬᠤ᠂ ᠲᠠᠢᠽᠦ ᠶ᠋ᠢᠨ ᠬᠡᠰᠢᠭ ᠲᠣᠷ ᠲᠣᠯᠣᠭᠠᠢ ᠪᠠᠨ ᠬᠠᠪᠤᠳᠲᠠᠯ᠎ᠠ ᠮᠥᠷᠭᠥᠵᠦ᠂ ᠬᠥᠮᠦᠨ ᠠᠯᠠᠬᠤ ᠰᠢᠪᠠᠭ᠎ᠠ ᠶ᠋ᠢ ᠬᠦᠯᠢᠶᠡᠨ ᠠᠨᠳᠠ ᠫᠤᠯᠭᠤᠳᠠᠢ ᠬᠣᠶᠠᠭᠤᠯᠠ ᠶ᠋ᠢ ᠳᠠᠭᠠᠭᠤᠯᠵᠤ ᠵᠠᠮᠤᠬ᠎ᠠ ᠶ᠋ᠢ ᠲᠦᠯᠬᠢᠯᠡᠨ ᠠᠴᠢᠷᠠᠭᠤᠯᠵᠤ ᠠᠯᠠᠬᠤ ᠲᠠᠯᠠᠪᠤᠷ ᠲᠤᠷ ᠠᠪᠠᠴᠢᠵᠤ ᠴᠠᠭᠠᠰᠤᠨ ᠳᠡᠪᠡᠯ ᠡᠮᠦᠰᠬᠡᠨ ᠦᠰᠦ ᠶ᠋ᠢ ᠣᠷᠣᠢ ᠳ᠋ᠤᠷ ᠤᠶᠠᠭᠠᠳ ᠶᠠᠯ᠎ᠠ ᠪᠢᠴᠢᠭᠰᠡᠨ ᠰᠤᠮᠤ ᠶ᠋ᠢ ᠰᠡᠭᠡᠷ᠎ᠡ ᠶ᠋ᠢᠨ ᠭᠣᠣᠯ ᠳ᠋ᠤᠷ ᠬᠠᠳᠬᠤᠭᠠᠳ ᠪᠠᠢᠲᠠᠯ᠎ᠠ ᠬᠡᠷᠡᠢᠳ ᠪᠦᠭᠦᠳᠡᠭᠡᠷ ᠰᠣᠨᠣᠰᠤᠭᠰᠠᠨ ᠲᠤᠯᠠ ᠾᠧ ᠸᠠᠩ ᠤ᠋ᠨ ᠡᠮ᠎ᠡ ᠨᠠᠷᠠᠨ ᠲᠤᠶᠠᠭ᠎ᠠ᠂ ᠥᠬᠢᠨ ᠰᠣᠯᠤᠩᠭᠤᠸ᠎ᠠ ᠨᠠᠷ ᠴᠥᠮ ᠢᠷᠡᠭᠡᠳ ᠪᠥᠬᠥᠶ᠎ᠡ᠂ ᠡᠨᠡ ᠦᠶ᠎ᠡ ᠳ᠋ᠦ᠍ᠷ ᠠᠨᠲᠤ᠂ ᠫᠤᠯᠭᠤᠳᠠᠢ ᠬᠡᠳᠦᠢᠨᠡᠢ ᠢᠷᠡᠵᠦ ᠬᠠᠵᠠᠭᠤᠳᠠ ᠮᠠᠢᠬᠠᠨ ᠤ᠋ ᠳᠣᠲᠣᠷ᠎ᠠ ᠰᠢᠷᠡᠭᠡᠨ ᠦ᠌ ᠳᠡᠭᠡᠷ᠎ᠡ ᠾᠧ ᠸᠠᠩ ᠤ᠋ᠨ ᠬᠠᠭᠤᠴᠢᠨ ᠳᠡᠪᠡᠯ ᠮᠠᠯᠠᠭ᠎ᠠ ᠶ᠋ᠢ ᠲᠠᠯᠪᠢᠵᠤ ᠨᠡᠷ᠎ᠡ ᠶ᠋ᠢ ᠢᠨᠦ ᠪᠢᠴᠢᠵᠦ ᠬᠦᠵᠢ ᠵᠤᠯᠠ ᠰᠢᠲᠠᠭᠠᠨ ᠬᠦᠯᠢᠶᠡᠵᠦᠬᠦᠢ᠃
ᠲᠡᠳᠦᠢ ᠵᠠᠮᠤᠬ᠎ᠠ ᠶ᠋ᠢ ᠲᠠᠢᠽᠦ ᠶ᠋ᠢᠨ ᠣᠷᠳᠣᠨ ᠤ᠋ ᠵᠦᠭ ᠬᠠᠨᠳᠤᠭᠤᠯᠤᠨ ᠰᠥᠭᠥᠳᠬᠡᠵᠦ ᠤᠷᠢᠳᠠ ᠮᠠᠩᠨᠠᠢ ᠶ᠋ᠢᠨ ᠠᠷᠠᠰᠤ ᠶ᠋ᠢ ᠱᠠᠭᠠᠯᠵᠤ ᠴᠢᠰᠤᠨ ᠢ᠋ ᠰᠠᠴᠤᠭᠰᠠᠨ ᠬᠣᠢᠨ᠎ᠠ᠂ ᠲᠤᠰᠬᠤ ᠪᠡᠶ᠎ᠡ ᠪᠡᠷ ᠬᠢᠲᠤᠭ᠎ᠠ ᠪᠠᠷᠢᠨ ᠢᠷᠡᠵᠦ ᠳᠥᠷᠪᠡᠨ ᠮᠥᠴᠢ ᠶ᠋ᠢᠨ ᠮᠢᠬ᠎ᠠ ᠶ᠋ᠢ ᠳᠥᠷᠪᠡᠨ ᠬᠡᠰᠡᠭ ᠣᠭᠲᠣᠯᠤᠨ ᠠᠪᠴᠤ ᠰᠠᠶᠢ ᠬᠡᠪᠡᠯᠢ ᠶ᠋ᠢ ᠠᠪᠤᠮᠠᠭᠴᠠ ᠵᠢᠷᠦᠬᠡ ᠶ᠋ᠢ ᠲᠠᠰᠤ ᠲᠡᠳᠡᠨ ᠠᠪᠴᠤ ᠬᠠᠪ ᠬᠠᠯᠠᠭᠤᠨ ᠬᠥᠳᠡᠯᠦᠭᠰᠡᠭᠡᠷ ᠪᠦᠬᠦᠢ ᠶ᠋ᠢ ᠡᠴᠢᠭᠡ ᠶ᠋ᠢᠨ ᠬᠡᠭᠦᠷ ᠦ᠋ᠨ ᠡᠮᠦᠨ᠎ᠡ ᠲᠠᠬᠢᠯ ᠤ᠋ᠨ ᠰᠢᠷᠡᠬᠡᠨ᠎ᠡ ᠲᠠᠯᠪᠢᠭᠠᠳ ᠬᠡᠷᠡᠢᠳ ᠦ᠋ᠨ ᠡᠬᠡ ᠥᠬᠢᠨ ᠡᠵᠡᠨ ᠰᠠᠢᠳ ᠪᠦᠭᠦᠳᠡᠭᠡᠷ ᠤᠬᠢᠯᠠᠨ ᠮᠥᠷᠭᠥᠵᠦ ᠡᠢᠨ ᠥᠴᠢᠷᠦᠨ :
ᠥᠷᠥᠰᠢᠶᠡᠯ ᠶᠡᠬᠡᠲᠦ ᠦᠨᠡᠨ ᠵᠠᠶᠠᠭᠠᠲᠤ ᠡᠵᠡᠨ ᠦ᠌ ᠬᠡᠰᠢᠭ ᠲᠣᠷ
ᠦᠷᠭᠦᠯᠵᠢ ᠥᠰᠢᠶᠡᠲᠦ ᠵᠠᠮᠤᠬ᠎ᠠ ᠬᠠᠷᠭᠢᠰ ᠢ᠋ ᠪᠠᠷᠢᠵᠤ ᠲᠤᠰᠢᠶᠠᠭᠰᠠᠨᠠ᠂
ᠥᠲᠡᠭᠦᠰ ᠡᠴᠢᠭᠡ ᠶ᠋ᠢᠨ ᠠᠯᠠᠭᠳᠠᠭᠰᠠᠨ ᠬᠠᠷᠢᠭᠤ ᠳ᠋ᠤᠷ ᠵᠢᠷᠦᠬᠡ ᠪᠡᠷ ᠢᠨᠦ ᠳᠠᠬᠢᠪᠠ
ᠦᠵᠡᠵᠦ ᠠᠮᠰᠠᠭᠠᠳ ᠥᠨᠢᠳᠡ ᠠᠮᠤᠭᠤᠯᠠᠩ ᠠ᠋ ᠦᠳᠲᠡᠷᠡ ᠲᠣᠨᠢᠯᠠ !
ᠭᠡᠮᠡᠨ ᠳᠠᠬᠢᠵᠤ ᠪᠠᠷᠠᠭᠠᠳ ᠵᠠᠮᠤᠬ᠎ᠠ ᠶ᠋ᠢ ᠣᠭᠲᠣᠴᠢᠨ ᠠᠯᠠᠵᠤ ᠵᠠᠬᠢᠶ᠎ᠠ ᠡᠭᠡᠭᠦᠯᠬᠦᠶᠡ᠃ ᠾᠧ ᠸᠠᠩ ᠤ᠋ᠨ ᠡᠮ᠎ᠡ ᠨᠠᠷᠠᠨ ᠲᠤᠶᠠᠭ᠎ᠠ᠂ ᠥᠬᠢᠨ ᠰᠣᠯᠤᠩᠭᠤᠸ᠎ᠠ ᠨᠠᠷ ᠬᠠᠮᠲᠤ ᠣᠷᠣᠵᠤ᠂ ᠲᠠᠢᠽᠦ ᠶ᠋ᠢᠨ ᠶᠡᠬᠡ ᠠᠴᠢ ᠳ᠋ᠤᠷ ᠰᠡᠳᠬᠢᠯ ᠢᠭᠳᠡᠯᠦᠨ ᠤᠬᠢᠯᠠᠨ ᠮᠥᠷᠭᠥᠪᠡ᠃ ᠠᠨᠳᠤ᠂ ᠫᠤᠯᠭᠤᠳᠠᠢ ᠭᠠᠳᠠᠨ᠎ᠠ ᠠ᠋ᠴᠠ ᠮᠥᠷᠭᠥᠪᠡ᠃ ᠡᠭᠦᠨ ᠳ᠋ᠦ᠍ᠷ ᠨᠠᠢ᠍ᠮᠠᠨ ᠤ᠋ ᠰᠢᠨ᠎ᠡ ᠳᠠᠭᠠᠭᠰᠠᠨ ᠵᠠᠩᠵᠤᠨ ᠲᠦᠰᠢᠮᠡᠯ ᠨᠡᠩᠳᠡ ᠶᠡᠬᠡᠯ᠎ᠡ ᠪᠡᠶᠡᠰᠴᠦ ᠰᠦᠰᠦᠭᠯᠡᠨ᠂ ᠪᠢᠳᠡ ᠪᠠᠰᠠ ᠠᠯᠢ ᠦᠶ᠎ᠡ ᠳ᠋ᠦ᠍ᠷ ᠮᠠᠨ ᠤ᠋ ᠡᠵᠡᠨ ᠢ᠋ ᠠᠯᠠᠭᠰᠠᠨ ᠬᠥᠮᠦᠨ ᠢ᠋ ᠡᠨᠡ ᠮᠡᠲᠦ ᠠᠯᠠᠵᠤ ᠦᠰ ᠢ᠋ᠶ᠋ᠡᠨ ᠠᠪᠤᠭᠰᠠᠨ ᠭᠡᠮᠡᠨ ᠳ᠋ᠠᠳᠠᠳᠤᠩᠭ᠎ᠠ᠂ ᠲᠠᠢᠽᠦ ᠶ᠋ᠢᠨ ᠳᠡᠷᠭᠡᠳᠡ ᠪᠠᠢᠭᠰᠠᠨ ᠲᠤᠯᠠ ᠳᠠᠷᠤᠢ ᠨᠢᠳᠦᠨ ᠡᠴᠡ ᠨᠢᠯᠪᠤᠰᠤ ᠴᠤᠪᠤᠷᠢᠭᠤᠯᠤᠨ ᠰᠠᠨᠠᠭᠠᠨ ᠢ᠋ᠶ᠋ᠠᠨ ᠮᠡᠳᠡᠭᠦᠯᠦᠭᠰᠡᠨ ᠳ᠋ᠦ᠍ᠷ ᠲᠠᠢᠽᠦ ᠲᠡᠭᠦᠨ ᠦ᠌ ᠡᠵᠡᠨ ᠳ᠋ᠡᠭᠡᠨ ᠰᠢᠳᠤᠷᠭᠤ ᠶ᠋ᠢ ᠦᠵᠡᠭᠡᠳ ᠪᠡᠶᠡᠰᠦᠨ ᠥᠭᠦᠯᠡᠷᠦᠨ : 《ᠴᠢ ᠦᠨᠡᠬᠡᠷ ᠨᠢᠭᠡᠨ ᠵᠥᠪᠰᠢᠶᠡᠮᠡᠷ ᠰᠢᠳᠤᠷᠭᠤ ᠬᠥᠮᠦᠨ ᠪᠠᠢᠨᠠᠮ᠂ ᠭᠠᠭᠴᠠ ᠬᠠᠢᠷᠠᠬᠠᠨ ᠮᠥᠩᠭᠥᠯᠵᠢ ᠶᠠᠭᠤᠲᠠᠢ ᠣᠬᠣᠷᠬᠠᠨ ᠢ᠋ᠶ᠋ᠠᠷ ᠦᠬᠦᠮᠦᠢ ? ᠬᠡᠳᠦᠢ ᠵᠢᠷᠤᠮ ᠲᠠᠢ ᠪᠣᠯᠪᠠᠴᠤ ᠡᠵᠡᠨ ᠢ᠋ᠶ᠋ᠡᠨ ᠮᠡᠬᠡᠯᠡᠵᠦ ᠬᠡᠷᠡᠭ ᠡᠳᠦᠭᠦᠯᠦᠭᠰᠡᠨ ᠵᠠᠮᠤᠬ᠎ᠠ ᠪᠠ ᠡᠵᠡᠨ ᠢ᠋ᠶ᠋ᠡᠨ ᠭᠠᠷ ᠬᠦᠷᠴᠦ ᠠᠯᠠᠭᠰᠠᠨ ᠠᠴᠢ ᠴᠢᠦᠢ ᠴᠦ᠍ ᠯᠢᠦᠢ ᠶ᠋ᠢ ᠠᠯᠠᠵᠤ ᠬᠣᠷᠣᠰᠤᠯ ᠢ᠋ ᠠᠪᠬᠤ ᠶ᠋ᠢ ᠦᠵᠡᠵᠦ ᠦᠯᠦ ᠴᠢᠳᠠᠪᠠ ? 》 ᠬᠡᠮᠡᠬᠦᠢ ᠳ᠋ᠦ᠍ᠷ ᠳ᠋ᠠᠲᠠᠲᠤᠩᠭᠠ ᠮᠡᠳᠡᠭᠦᠯᠦᠷᠦᠨ : 《ᠲᠡᠢᠮᠦ ᠪᠤᠰᠤ᠂ ᠡᠷᠲᠡ ᠰᠢᠶᠠ ᠤᠯᠤᠰ ᠤ᠋ᠨ ᠵᠢᠽᠢ᠂ ᠸᠸᠢᠢᠽᠢ᠂ ᠪᠢ ᠭᠠᠨ ᠬᠡᠮᠡᠬᠦ ᠭᠤᠷᠪᠠᠨ ᠥᠷᠥᠰᠢᠶᠡᠯᠳᠦ ᠰᠠᠢᠳ ᠭᠡᠮᠡᠨ ᠭᠠᠷᠤᠭᠰᠠᠨ ᠪᠥᠯᠥᠭᠡ᠃ ᠡᠵᠡᠨ ᠢ᠋ᠶ᠋ᠡᠨ ᠵᠧᠦ ᠬᠠᠭᠠᠨ ᠤ᠋ ᠤᠵᠢᠳ ᠰᠠᠮᠠᠭᠤᠨ ᠢ᠋ ᠬᠣᠷᠢᠭ᠍ᠯᠠᠪᠠᠴᠤ ᠰᠣᠨᠣᠰᠬᠤ ᠦᠭᠡᠢ ᠤᠯᠤᠰ ᠮᠥᠬᠥᠬᠦ ᠰᠢᠬᠠᠭᠰᠠᠨ ᠳ᠋ᠤᠷ ᠪᠢ ᠭᠠᠨ ᠤᠯᠤᠰ ᠤ᠋ᠨ ᠮᠥᠬᠥᠬᠦ ᠶ᠋ᠢ ᠦᠵᠡᠵᠦ ᠲᠦᠪᠳᠡᠬᠦ ᠦᠭᠡᠢ ᠬᠠᠢᠷᠠᠯᠠᠭᠰᠠᠭᠠᠷ ᠠᠯᠠᠭᠳᠠᠪᠠ᠂ ᠵᠢᠽᠢ ᠦᠷ᠎ᠡ ᠲᠠᠰᠤᠷᠠᠵᠤ ᠲᠠᠬᠢᠯᠭ᠎ᠠ ᠭᠡᠭᠡᠭᠳᠡᠬᠦ ᠡᠴᠡ ᠠᠶᠤᠵᠤ ᠤᠷᠭᠤᠵᠤ ᠵᠠᠢᠯᠠᠪᠠ᠃ ᠸᠸᠢᠢᠽᠢ ᠭᠠᠭᠴᠠ ᠵᠠᠭᠤᠨ ᠵᠦᠢᠯ ᠢ᠋ ᠬᠦᠯᠢᠶᠡᠵᠦ ᠦᠰᠦ ᠪᠡᠨ ᠠᠪᠲᠠᠵᠤ ᠪᠣᠭᠣᠯ ᠪᠣᠯᠪᠠ᠃ ᠬᠣᠢᠨ᠎ᠠ ᠵᠧᠦ ᠤᠯᠤᠰ ᠤ᠋ᠨ ᠥ ᠸᠠᠩ ᠬᠠᠭᠠᠨ ᠰᠠᠭᠤᠵᠤ ᠳᠡᠯᠡᠬᠡᠢ ᠳ᠋ᠠᠬᠢᠨ ᠢ᠋ ᠰᠢᠨᠡᠳᠬᠡᠨ ᠵᠠᠰᠠᠬᠤᠢ ᠳ᠋ᠤᠷ ᠸᠸᠢᠢᠽᠢ ᠪᠡᠷ ᠶᠣᠰᠣᠯᠠᠯ ᠬᠥᠭᠵᠢᠮ ᠦ᠋ᠨ ᠲᠣᠪᠴᠢ ᠪᠣᠯᠭᠠᠨ ᠵᠧᠦ ᠤᠯᠤᠰ ᠢ᠋ ᠵᠠᠰᠠᠵᠤ᠂ ᠨᠠᠢ᠍ᠮᠠᠨ ᠵᠠᠭᠤᠨ ᠣᠨ ᠤ᠋ ᠠᠮᠤᠷ ᠵᠢᠷᠭᠠᠯᠲᠤ ᠶᠡᠬᠡ ᠤᠯᠤᠰ ᠲᠥᠷᠥ ᠶ᠋ᠢ ᠪᠠᠢᠭᠤᠯᠤᠭᠰᠠᠨ ᠪᠥᠯᠥᠭᠡ᠃ ᠲᠡᠢᠨ ᠬᠦ᠌ ᠡᠳᠦᠭᠡ ᠨᠥᠬᠥᠷ ᠮᠥᠩᠭᠥᠯᠵᠢ ᠶ᠋ᠢᠨ ᠦᠬᠦᠭᠰᠡᠨ ᠢᠨᠦ ᠪᠢ ᠭᠠᠨ ᠢ᠋ ᠳᠠᠭᠤᠷᠢᠶᠠᠭᠰᠠᠨ ᠪᠤᠶᠤ᠂ ᠪᠣᠭᠣᠯ ᠨᠠᠳᠠ ᠳ᠋ᠤᠷ ᠦᠯᠢᠳᠬᠡᠪᠡᠰᠦ ᠲᠦᠮᠡᠨ ᠦᠶ᠎ᠡ ᠨᠡᠷ᠎ᠡ ᠶ᠋ᠢ ᠬᠣᠴᠣᠷᠭᠠᠭᠰᠠᠨ ᠠᠨᠤ ᠪᠤᠶᠤ᠂ ᠪᠣᠭᠣᠯ ᠪᠢ ᠡᠨᠡ ᠮᠡᠲᠦ ᠳᠠᠭᠠᠭᠰᠠᠨ ᠠᠨᠤ ᠲᠦᠮᠡᠨ ᠦᠶ᠎ᠡ ᠵᠢᠷᠤᠮ ᠦᠭᠡᠢ ᠶ᠋ᠢ ᠣᠯᠤᠭᠰᠠᠨ ᠪᠤᠶᠤ ! 》ᠬᠡᠮᠡᠬᠦᠢ ᠳ᠋ᠦ᠍ᠷ ᠲᠠᠢᠽᠦ ᠲᠡᠷᠢᠭᠦᠨ ᠳᠣᠬᠢᠵᠤ ᠥᠭᠦᠯᠡᠷᠦᠨ : 《 ᠴᠢ ᠦᠨᠡᠬᠡᠷ ᠦᠨᠡᠨᠴᠢ ᠬᠥᠮᠦᠨ᠂ ᠡᠨᠡ ᠦᠭᠡ ᠳ᠋ᠦ᠍ᠷ ᠦᠨᠡᠬᠡᠷ ᠥᠪᠡᠷᠴᠢᠯᠡᠯ ᠪᠠ ᠪᠢᠯᠳᠠᠤᠴᠢᠯᠠᠯ ᠦᠭᠡᠢ᠃ ᠬᠡᠳᠦᠢ ᠲᠡᠢᠨ ᠪᠣᠯᠪᠠᠴᠤ ᠴᠢ ᠪᠡᠶ᠎ᠡ ᠪᠡᠨ ᠮᠥᠨ ᠡᠢᠨ ᠵᠢᠷᠤᠮ ᠦᠭᠡᠢ ᠳ᠋ᠦ᠍ᠷ ᠬᠡᠯᠡᠵᠦ ᠦᠯᠦ ᠪᠣᠯᠤᠮᠤᠢ᠃ ᠪᠢ ᠴᠢᠨᠦ ᠡᠨᠡ ᠨᠢᠭᠡᠨ ᠠᠩᠭᠢ ᠡᠷᠲᠡᠨ ᠦ᠌ ᠦᠭᠡᠰ ᠢ᠋ ᠰᠣᠨᠣᠰᠴᠤ ᠡᠳᠦᠭᠡ ᠲᠠᠨ ᠤ᠋ ᠡᠨᠡ ᠤᠯᠤᠰ ᠤ᠋ᠨ ᠨᠢᠭᠡᠨ ᠠᠩᠭᠢ ᠶ᠋ᠢ ᠣᠯᠪᠠᠰᠤ ᠬᠠᠷᠢᠨ ᠴᠤ᠌ ᠲᠡᠷᠡ ᠭᠤᠷᠪᠠᠨ ᠽᠢ ᠶ᠋ᠢᠨ ᠶᠠᠪᠤᠳᠠᠯ ᠪᠦᠷᠢᠳᠦᠭᠰᠡᠨ ᠮᠡᠲᠦ᠂ ᠮᠥᠩᠭᠥᠯᠵᠢ ᠵᠢᠷᠤᠮ ᠢ᠋ᠶ᠋ᠠᠷ ᠦᠬᠦᠪᠡ᠂ ᠲᠠᠨ ᠤ᠋ ᠪᠠᠭ᠎ᠠ ᠡᠵᠡᠨ ᠠᠯᠲᠠᠨᠱᠠᠭ᠎ᠠ ᠤᠷᠭᠤᠪᠠ᠂ ᠴᠢ ᠡᠳᠦᠭᠡ ᠨᠠᠳᠠ ᠳ᠋ᠤᠷ ᠳᠠᠭᠠᠪᠠ᠂ ᠡᠨᠡ ᠡᠷᠲᠡᠨ ᠦ᠌ ᠭᠤᠷᠪᠠᠨ ᠽᠢ ᠳ᠋ᠦ᠍ᠷ ᠮᠥᠨ ᠠᠳᠠᠯᠢᠳᠬᠠᠵᠤ ᠪᠣᠯᠤᠮᠤᠢ ! 》 ᠬᠡᠮᠡᠭᠡᠳ ᠳᠠᠬᠢᠨ ᠠᠰᠠᠭᠤᠷᠤᠨ : 《 ᠴᠢ ᠡᠷᠲᠡᠨ ᠦ᠌ ᠤᠯᠤᠰ ᠤ᠋ᠨ ᠪᠢᠴᠢᠭ ᠬᠢᠭᠡᠳ ᠢᠵᠠᠭᠤᠷ ᠤᠯᠤᠰ ᠤ᠋ᠨ ᠬᠠᠤᠯᠢ ᠶ᠋ᠢ ᠮᠡᠳᠡᠮᠦᠢ ᠤᠤ ? 》ᠬᠡᠮᠡᠭᠰᠡᠨ ᠳ᠋ᠦ᠍ᠷ ᠳ᠋ᠠᠲᠠᠲᠤᠩᠭᠠ ᠦᠨᠡᠨ ᠰᠠᠨᠠᠭᠠᠨ ᠤ᠋ ᠮᠡᠳᠡᠬᠦ ᠲᠥᠰᠦᠭᠡᠯᠡᠬᠦ ᠪᠡᠨ ᠴᠥᠮ ᠮᠡᠳᠡᠭᠦᠯᠦᠭᠰᠡᠨ ᠳ᠋ᠦ᠍ᠷ ᠲᠠᠢᠽᠦ ᠲᠡᠭᠦᠨ ᠦ᠌ ᠰᠡᠳᠬᠢᠯ ᠲᠣᠭᠲᠠᠭᠰᠠᠨ ᠢ᠋ ᠮᠡᠳᠡᠭᠡᠳ ᠱᠠᠩ ᠥᠭᠴᠦ ᠡᠭᠦᠨᠴᠡ ᠲᠠᠢᠽᠦ ᠶ᠋ᠢᠨ ᠬᠡᠦᠬᠡᠳ ᠪᠠ ᠰᠠᠢᠳ ᠲᠦᠰᠢᠮᠡᠳ ᠲᠣᠷ ᠸᠧᠢ ᠥ ① ᠤᠯᠤᠰ ᠤ᠋ᠨ ᠪᠢᠴᠢᠭ ᠦᠰᠦᠭ ᠪᠠ ᠦᠭᠡ ᠠᠶᠠᠰ ᠬᠢᠭᠡᠳ ᠡᠷᠲᠡᠨ ᠦ᠌ ᠨᠣᠮ ᠰᠤᠳᠤᠷ ᠢ᠋ ᠵᠢᠭᠠᠵᠤ ᠰᠤᠷᠭ᠎ᠠ ᠭᠡᠮᠡᠨ ᠵᠠᠬᠢᠵᠤ ᠰᠤᠷᠭᠠᠯᠭᠠᠪᠠ ᠃
– – – –
① ᠡᠨᠡ ᠸᠧᠢ ᠬᠡᠮᠡᠭᠰᠡᠨ ᠶᠠᠮᠪᠠᠷ ᠤᠯᠤᠰ ᠢ᠋ ᠡᠰᠡ ᠮᠡᠳᠡᠪᠡ᠃ ᠡᠷᠲᠡ ᠲᠠᠢᠽᠦ ᠶ᠋ᠢᠨ ᠦᠶ᠎ᠡ ᠳ᠋ᠦ᠍ᠷ ᠴᠥᠮ ᠤᠢᠭᠤᠷ ᠤᠯᠤᠰ ᠤ᠋ᠨ ᠦᠰᠦᠭ ᠢ᠋ ᠵᠠᠷᠤᠮᠤᠢ ᠬᠡᠮᠡᠮᠦ᠂ ᠤᠢᠭᠤᠷ ᠤᠯᠤᠰ ᠤ᠋ᠨ ᠦᠰᠦᠭ ᠡᠳᠦᠭᠡᠬᠢ ᠶ᠋ᠢᠨ ᠰᠢᠷ᠎ᠠ ᠪᠢᠴᠢᠭ ᠮᠡᠲᠦ᠃ ᠡᠳᠦᠭᠡᠬᠢ ᠤᠢᠭᠤᠷ ᠤᠯᠤᠰ ᠪᠠᠷᠠᠭᠤᠨ ᠬᠣᠢᠲᠤ ᠬᠥᠬᠡ ᠨᠠᠭᠤᠷ ᠤ᠋ᠨ ᠬᠣᠢᠨ᠎ᠠ ᠪᠣᠢ᠃ ᠵᠢᠴᠢ ᠡᠨᠡ ᠸᠧᠢ ᠥ ᠬᠡᠮᠡᠭᠴᠢ ᠶᠠᠮᠪᠠᠷ ᠤᠯᠤᠰ ᠢ᠋ ᠮᠡᠳᠡᠬᠦ ᠦᠭᠡᠢ᠂ ᠤᠢᠭᠤᠷ ᠤᠯᠤᠰ ᠢ᠋ ᠬᠡᠯᠡᠪᠡ ᠭᠡᠬᠦᠯ᠎ᠡ ᠪᠧᠲ᠋ᠠ᠋ ᠤᠯᠤᠰ ᠥᠪᠡᠷ ᠢ᠋ᠶ᠋ᠡᠨ ᠮᠥᠨ ᠤᠢᠭᠤᠷ ᠤᠯᠤᠰ ᠤ᠋ᠨ ᠪᠢᠴᠢᠭ ᠢ᠋ ᠮᠡᠳᠡᠵᠦ ᠵᠠᠷᠤᠬᠤ ᠲᠤᠯᠠ ᠲᠡᠭᠦᠨ ᠢ᠋ᠶ᠋ᠡᠷ ᠦᠯᠦ ᠵᠢᠭᠠᠯᠭᠠᠮᠤᠢ᠂ ᠨᠡᠩ ᠪᠠᠰᠠ᠂ ᠬᠣᠢᠨ᠎ᠠ ᠤᠢᠭᠤᠷ ᠤᠯᠤᠰ ᠢ᠋ ᠣᠷᠣᠵᠤ ᠥᠭᠭᠦᠭᠰᠡᠨ ᠭᠠᠩ ᠮᠦ᠍ ᠪᠠ ᠡᠨᠡ ᠶᠤᠸᠠᠨ ᠤᠯᠤᠰ ᠤ᠋ᠨ ᠶᠡᠬᠡ ᠰᠤᠳᠤᠷ ᠲᠤᠷ ᠮᠥᠨ ᠲᠣᠲᠣᠷᠬᠠᠶᠠ ᠬᠡᠯᠡᠵᠦ ᠪᠣᠢ ᠲᠤᠯᠠ ᠡᠨᠡ ᠸᠧᠢ ᠥ ᠤᠯᠤᠰ ᠬᠡᠮᠡᠭᠴᠢ ᠶᠠᠮᠪᠠᠠᠷ ᠤᠯᠤᠰ ᠢ᠋ ᠬᠡᠯᠡᠭᠰᠡᠨ ᠢ᠋ ᠣᠯᠤᠭᠰᠠᠨ ᠦᠭᠡᠢ᠂ ᠮᠥᠨ ᠬᠦ᠌ ᠶᠤᠸᠠᠨ ᠤᠯᠤᠰ ᠤ᠋ᠨ ᠰᠤᠳᠤᠷ ᠤ᠋ᠨ ᠶᠣᠰᠣᠭᠠᠷ ᠪᠢᠴᠢᠪᠡ᠃
ᠲᠡᠳᠦᠢ ᠲᠠᠢᠽᠦ ᠨᠠᠢ᠍ᠮᠠᠨ ᠤ᠋ ᠳ᠋ᠠᠳᠠᠳᠤᠩᠭ᠎ᠠ᠂ ᠢᠳᠡᠷ ᠳᠣᠪᠣ᠂ ᠮᠢᠩᠭᠠᠲᠠᠨ᠂ ᠴᠢᠦᠢ ᠱᠢ ᠯᠢ ᠨᠠᠷ ᠢ᠋ ᠳᠠᠭᠤᠳᠠᠵᠤ ᠵᠠᠬᠢᠷᠤᠨ : 《ᠲᠠᠨ ᠤ᠋ ᠪᠠᠭ᠎ᠠ ᠡᠵᠡᠨ ᠠᠯᠲᠠᠨᠱᠠᠭ᠎ᠠ ᠲᠡᠭᠦᠨ ᠦ᠌ ᠠᠪᠠᠭ᠎ᠠ ᠶ᠋ᠢᠨ ᠲᠡᠨᠳᠡ ᠡᠪᠡᠳᠴᠦ ᠪᠣᠢ ᠬᠡᠮᠡᠮᠦ᠂ ᠡᠳᠦᠭᠡ ᠤᠯᠤᠰ ᠨᠢᠭᠡᠨᠲᠡ ᠮᠥᠬᠥᠪᠡ᠃ ᠨᠡᠩ ᠪᠠᠰᠠ ᠠᠪᠠᠭ᠎ᠠ ᠪᠠᠨ ᠠᠯᠠᠬᠤ ᠴᠢᠦᠢ ᠴᠦ᠍ ᠯᠢᠦᠢ ᠶᠠᠭᠤᠨᠠᠢ ᠲᠡᠷᠡ ᠸᠠᠩ ᠤ᠋ᠨ ᠰᠠᠭᠤᠷᠢᠨ ᠢ᠋ᠶ᠋ᠠᠨ ᠠᠯᠲᠠᠨᠱᠠᠭ᠎ᠠ ᠳ᠋ᠤᠷ ᠨᠠᠢᠷ ᠲᠠᠯᠪᠢᠬᠤ ᠪᠣᠢ ? ᠭᠡᠳᠡᠷᠭᠦ ᠬᠠᠷᠢᠨ ᠬᠣᠣᠷᠯᠠᠬᠤ ᠴᠤ᠌ ᠮᠥᠨ ᠮᠠᠭᠠᠳ ᠦᠭᠡᠢ ᠬᠡᠷᠡᠭ᠂ ᠲᠡᠷᠡ ᠮᠡᠲᠦ ᠡᠴᠢᠭᠡ ᠪᠡᠨ ᠠᠯᠠᠭᠰᠠᠨ ᠬᠥᠮᠦᠨ ᠯᠦ᠍ᠭᠡ ᠨᠥᠬᠥᠷᠯᠡᠬᠦ ᠡᠴᠡ ᠨᠠᠳᠠ ᠳ᠋ᠤᠷ ᠢᠷᠡᠵᠦ ᠳᠠᠭᠠᠪᠠᠰᠤ ᠲᠡᠷᠢᠭᠦᠨ ᠳ᠋ᠦ᠍ᠷ ᠳᠡᠭᠡᠳᠦᠰ ᠦ᠋ᠨ ᠬᠡᠭᠦᠷ ᠢ᠋ ᠲᠠᠬᠢᠮᠤᠢ᠂ ᠬᠣᠶᠠᠷ ᠲᠤᠷ ᠡᠴᠢᠭᠡ ᠶᠦ᠍ᠭᠡᠨ ᠥᠰᠢᠶ᠎ᠡ ᠶ᠋ᠢ ᠠᠪᠬᠤ ᠴᠠᠭ ᠪᠣᠢ᠂ ᠭᠤᠷᠪᠠᠨ ᠳ᠋ᠤᠷ ᠪᠡᠶ᠎ᠡ ᠮᠥᠨ ᠠᠮᠤᠷ ᠦᠭᠡᠢ ᠦᠦ ? ᠨᠡᠩ ᠪᠠᠰᠠ ᠲᠡᠭᠦᠨ ᠦ᠌ ᠭᠤᠶᠤᠭᠰᠠᠨ ᠡᠮ᠎ᠡ ᠢᠨᠦ ᠡᠨᠳᠡ ᠪᠣᠢ᠂ ᠳᠠ ᠲᠡᠭᠦᠨ ᠦ᠌ ᠭᠤᠶᠤᠭᠰᠠᠨ ᠡᠮ᠎ᠡ ᠶ᠋ᠢ ᠬᠦᠷᠭᠡᠨ ᠠᠪᠠᠴᠢᠵᠤ ᠮᠢᠨᠦ ᠵᠠᠬᠢᠶ᠎ᠠ ᠶ᠋ᠢ ᠵᠠᠬᠢᠨ ᠰᠡᠩᠬᠡᠷᠡᠭᠦᠯᠵᠦ᠂ ᠰᠡᠳᠬᠢᠯ ᠴᠢᠩ ᠦᠨᠡᠨ ᠪᠣᠯᠪᠠᠰᠤ ᠨᠠᠢ᠍ᠮᠠᠨ ᠤ᠋ ᠨᠢᠭᠡᠨ ᠬᠠᠭᠠᠰ ᠢ᠋ ᠲᠡᠭᠦᠨ ᠳ᠋ᠦ᠍ᠷ ᠵᠠᠬᠢᠷᠤᠭᠤᠯᠰᠤᠭᠠᠢ᠂ ᠪᠢ ᠬᠡᠳᠦᠢ ᠳᠡᠯᠡᠬᠡᠢ ᠳ᠋ᠠᠬᠢᠨ ᠢ᠋ ᠴᠥᠮ ᠬᠤᠷᠢᠶᠠᠪᠠᠴᠤ ᠮᠥᠨ ᠬᠦ᠌ ᠳᠡᠯᠡᠬᠡᠢ ᠳ᠋ᠠᠬᠢᠨ ᠤ᠋ ᠬᠥᠮᠦᠨ ᠢ᠋ᠶ᠋ᠡᠷ ᠡᠳ᠋ᠯᠡᠭᠦᠯᠬᠦ ᠪᠣᠯᠠᠢ ! 》 ᠬᠡᠮᠡᠭᠰᠡᠨ ᠳ᠋ᠦ᠍ᠷ ᠨᠠᠢ᠍ᠮᠠᠨ ᠤ᠋ ᠲᠦᠰᠢᠮᠡᠳ ᠨᠢᠳᠦᠨ ᠨᠢᠯᠪᠤᠰᠤ ᠴᠤᠪᠤᠷᠢᠭᠤᠯᠤᠨ ᠲᠠᠢᠽᠦ ᠶ᠋ᠢᠨ ᠬᠡᠰᠢᠭ ᠢ᠋ ᠰᠢᠲᠦᠵᠦ ᠮᠥᠷᠭᠥᠭᠡᠳ ᠳᠠᠷᠤᠢ ᠰᠤᠯᠤᠩᠭᠤᠸ᠎ᠠ ᠶ᠋ᠢ ᠠᠪᠴᠤ ᠠᠯᠲᠠᠨᠱᠠᠭ᠎ᠠ ᠶ᠋ᠢ ᠡᠷᠢᠷ᠎ᠡ ᠡᠴᠢᠰᠦᠭᠡᠢ ᠬᠡᠮᠡᠬᠦᠢ ᠳ᠋ᠦ᠍ᠷ ᠰᠣᠯᠤᠩᠭᠤᠸ᠎ᠠ ᠡᠳᠡᠭᠡᠷ ᠤᠴᠢᠷ ᠢ᠋ ᠰᠣᠨᠣᠰᠴᠤ ᠪᠡᠶ᠎ᠡ ᠪᠡᠷ ᠢᠷᠡᠵᠦ ᠲᠠᠢᠽᠦ ᠳ᠋ᠦ᠍ᠷ ᠮᠥᠷᠭᠥᠵᠦ ᠮᠡᠳᠡᠭᠦᠯᠦᠷᠦᠨ : 《ᠥᠬᠢᠨ ᠰᠣᠯᠤᠩᠭᠤᠸ᠎ᠠ ᠪᠢ ᠬᠡᠳᠦᠢ ᠮᠥᠬᠥᠭᠰᠡᠨ ᠤᠯᠤᠰ ᠤ᠋ᠨ ᠪᠠᠷᠢᠭ᠍ᠳᠠᠨ ᠢᠷᠡᠭᠰᠡᠨ ᠥᠬᠢᠨ ᠪᠣᠯᠪᠠᠴᠤ ᠥᠷᠥᠰᠢᠶᠡᠯᠲᠦ ᠡᠵᠡᠨ ᠪᠠᠰᠠ ᠡᠷᠲᠡᠨ ᠦ᠌ ᠰᠠᠢᠨ ᠢ᠋ ᠪᠣᠳᠣᠵᠤ᠂ ᠡᠳᠦᠭᠡ ᠮᠠᠨ ᠤ᠋ ᠡᠬᠡ ᠬᠥᠪᠡᠭᠦᠨ ᠨᠠᠷ ᠢ᠋ ᠭᠤᠲᠤᠭᠠᠨ ᠳᠣᠷᠣᠮᠵᠢᠯᠠᠬᠤ ᠦᠭᠡᠢ ᠪᠡᠷ ᠬᠥᠮᠦᠨ ᠦ᠌ ᠳᠦᠷᠢ ᠲᠡᠢ ᠪᠡᠷ ᠠᠪᠤᠨ ᠶᠠᠪᠤᠬᠤᠢ ᠳ᠋ᠤᠷ ᠡᠳᠦᠭᠡ ᠪᠢ ᠥᠬᠢᠨ ᠪᠡᠶ᠎ᠡ ᠪᠡᠷ ᠠᠯᠲᠠᠨᠱᠠᠭ᠎ᠠ ᠶ᠋ᠢ ᠡᠷᠢᠨ ᠡᠴᠢᠬᠦ ᠢᠨᠦ ᠡᠵᠡᠨ ᠦ᠌ ᠬᠠᠢᠷᠠᠯᠠᠭᠰᠠᠨ ᠨᠡᠷ᠎ᠡ ᠳ᠋ᠦ᠍ᠷ ᠮᠠᠭᠤᠬᠠᠢ᠃ ᠲᠡᠷᠡ ᠦᠨᠡᠬᠡᠷ ᠥᠪᠡᠷ ᠦ᠋ᠨ ᠡᠴᠢᠭᠡ ᠶ᠋ᠢᠨ ᠠᠯᠠᠭᠳᠠᠭᠰᠠᠨ ᠢ᠋ ᠠᠨᠤ ᠣᠯᠵᠤ ᠰᠣᠨᠣᠰᠤᠭᠠᠳ ᠡᠵᠡᠨ ᠳ᠋ᠦ᠍ᠷ ᠢᠷᠡᠵᠦ ᠳᠠᠭᠠᠭᠠᠳ ᠡᠴᠢᠭᠡ ᠶᠦ᠍ᠭᠡᠨ ᠦᠰ ᠢ᠋ ᠠᠪᠤᠪᠠᠰᠤ ᠲᠡᠷᠡ ᠴᠠᠭ ᠲᠤᠷ ᠥᠴᠦᠬᠡᠨ ᠥᠬᠢᠨ ᠪᠢ ᠰᠠᠶᠢ ᠶᠡᠬᠡ ᠶᠣᠰᠣ ᠪᠠᠷ ᠲᠡᠭᠦᠨ ᠳ᠋ᠦ᠍ᠷ ᠭᠠᠷᠤᠮᠤᠢ᠃ ᠲᠡᠷᠡ ᠬᠡᠷᠪᠡ ᠡᠰᠡ ᠰᠡᠩᠬᠡᠷᠡᠨ ᠮᠡᠳᠡᠵᠦ ᠬᠡᠳᠦᠢ ᠬᠦᠷᠲᠡᠯ᠎ᠡ ᠡᠰᠡ ᠢᠷᠠᠪᠠᠰᠤ ᠪᠢ ᠬᠡᠳᠦᠢ ᠪᠠᠰᠠ ᠬᠦᠯᠢᠶᠡᠮᠦᠢ᠂ ᠲᠡᠷᠡ ᠬᠡᠷᠪᠡ ᠦᠬᠦᠪᠡᠰᠦ ᠪᠢ ᠳᠠᠷᠤᠢ ᠭᠡᠷ ᠡᠴᠡ ᠭᠠᠷᠬᠤ ᠪᠣᠯᠠᠢ᠃ ᠡᠨᠡ ᠢᠨᠦ ᠥᠬᠢᠨ ᠬᠥᠮᠦᠨ ᠦ᠌ ᠨᠢᠭᠡᠨᠲᠡ ᠲᠣᠭᠲᠠᠭᠰᠠᠨ ᠬᠡᠷᠡᠭ᠂ ᠡᠳᠦᠭᠡ ᠡᠵᠡᠨ ᠦ᠌ ᠵᠠᠬᠢᠶ᠎ᠠ ᠪᠠᠷ ᠥᠪᠡᠷ ᠢ᠋ᠶ᠋ᠡᠨ ᠡᠷᠢᠷ᠎ᠡ ᠡᠴᠢᠬᠦ ᠢᠨᠦ ᠵᠦᠢ ᠳ᠋ᠦ᠍ᠷ ᠮᠠᠰᠢ ᠦᠯᠦ ᠨᠡᠢᠴᠡᠮᠦᠢ᠃ ᠲᠡᠷᠡ ᠴᠦ᠍ ᠡᠴᠢᠭᠡ ᠶ᠋ᠢᠨ ᠬᠣᠷᠣᠰᠤᠯ ᠢ᠋ ᠭᠡᠭᠡᠵᠦ ᠬᠡᠷᠬᠢᠨ ᠡᠮ᠎ᠡ ᠶ᠋ᠢᠨ ᠣᠴᠢᠷ᠎ᠠ ᠢᠷᠡᠵᠦ ᠳᠠᠭᠠᠬᠤ ᠪᠣᠢ ! ᠡᠵᠡᠨ ᠴᠦ᠍ ᠲᠡᠢᠮᠦ ᠡᠴᠢᠭᠡ ᠪᠡᠨ ᠭᠡᠭᠡᠵᠦ ᠡᠮ᠎ᠡ ᠶ᠋ᠢᠨ ᠤᠴᠢᠷ ᠳᠠᠭᠠᠭᠰᠠᠨ ᠢ᠋ ᠬᠡᠷᠬᠢᠨ ᠢᠲᠡᠭᠡᠵᠦ ᠬᠡᠷᠡᠭᠯᠡᠬᠦ ? ᠨᠡᠩ ᠪᠠᠰᠠ ᠡᠮ᠎ᠡ ᠪᠣᠯᠬᠤ ᠪᠢ ᠴᠦ᠍ ᠲᠡᠭᠦᠨ ᠢ᠋ ᠶᠠᠭᠠᠬᠢᠨ ᠬᠦᠨᠳᠦᠯᠡᠵᠦ ᠶᠠᠪᠤᠬᠤ ? ᠡᠵᠡᠨ ᠥᠷᠥᠰᠢᠶᠡᠬᠦᠯ᠎ᠡ ᠲᠡᠭᠦᠨ ᠦ᠌ ᠲᠦᠰᠢᠮᠡᠳ ᠢ᠋ ᠢᠯᠡᠭᠡᠵᠦ ᠤᠴᠢᠷ ᠲᠤᠬᠠᠢ ᠶ᠋ᠢ ᠨᠠᠷᠢᠪᠴᠢᠯᠠᠨ ᠲᠣᠭᠠᠴᠢᠭᠤᠯᠵᠤ ᠡᠯᠰᠡᠨ ᠳᠠᠭᠠᠭᠤᠯᠵᠤ ᠠᠴᠢᠷᠠᠭᠤᠯᠤᠮᠤ ? 》 ᠬᠡᠮᠡᠭᠰᠡᠨ ᠳ᠋ᠦ᠍ᠷ ᠲᠠᠢᠽᠦ ᠰᠣᠨᠣᠰᠪᠠᠰᠤ ᠦᠭᠡ ᠮᠠᠰᠢ ᠮᠥᠨ ᠲᠤᠯᠠ ᠨᠠᠢ᠍ᠮᠠᠨ ᠤ᠋ ᠲᠦᠰᠢᠮᠡᠳ ᠲᠣᠷ ᠡᠳᠡᠭᠡᠷ ᠤᠴᠢᠷ ᠢ᠋ ᠪᠦᠷᠢᠳᠬᠡᠨ ᠵᠠᠬᠢᠵᠤ ᠥᠭᠭᠦᠭᠡᠳ ᠡᠵᠡᠨ ᠢ᠋ᠶ᠋ᠡᠨ ᠠᠯᠲᠠᠨᠱᠠᠭ᠎ᠠ ᠶ᠋ᠢ ᠠᠨᠤ ᠡᠷᠢᠭᠦᠯᠦᠷ᠎ᠡ ᠢᠯᠡᠭᠡᠭᠡᠳ ᠥᠪᠡᠷ ᠢ᠋ᠶ᠋ᠡᠨ ᠶᠡᠬᠡ ᠴᠡᠷᠢᠭ ᠢ᠋ ᠠᠪᠴᠤ ᠮᠠᠢᠯᠵᠢ ᠠᠢᠮᠠᠭ ᠤ᠋ᠨ ᠲᠣᠳᠣ ᠶ᠋ᠢ ᠳᠠᠢᠯᠠᠷ᠎ᠠ ᠡᠴᠢᠬᠦᠶ᠎ᠡ᠂ ᠡᠨᠡ ᠮᠡᠳᠡᠭᠡ ᠶ᠋ᠢ ᠮᠠᠢᠯᠵᠢ ᠠᠢᠮᠠᠭ ᠤ᠋ᠨ ᠣᠯᠠᠨ ᠢ᠋ᠶ᠋ᠠᠷ ᠰᠣᠨᠣᠰᠴᠤ ᠴᠥᠮ ᠰᠥᠰᠥ ᠬᠡᠮᠬᠡᠷᠡᠨ ᠠᠶᠤᠯᠳᠤᠵᠤ ᠪᠦᠭᠦᠳᠡᠭᠡᠷ ᠨᠡᠢᠯᠡᠨ ᠨᠢᠭᠤᠵᠤ ᠬᠡᠯᠡᠯᠴᠡᠷᠦᠨ : 《ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠲᠣᠳᠣᠷᠬᠠᠢ ᠳᠠᠭ᠌ᠷᠢᠯᠢᠭ᠌ ᠤ᠋ᠨ ᠦᠷᠡᠰ ᠮᠥᠨ ᠲᠤᠯᠠ ᠡᠨᠡ ᠬᠣᠷᠢ ᠭᠤᠴᠢᠨ ᠵᠢᠯ ᠦ᠋ᠨ ᠬᠣᠭᠣᠷᠣᠨᠳᠣ ᠬᠣᠢᠲᠤ ᠭᠠᠵᠠᠷ ᠢ᠋ ᠨᠢᠭᠡᠨᠲᠡ ᠨᠡᠢᠳᠡᠮ ᠬᠤᠷᠢᠶᠠᠪᠠ᠃ ᠮᠠᠨ ᠤ᠋ ᠮᠠᠢᠯᠵᠢ ᠠᠢᠮᠠᠭ ᠤ᠋ᠨ ᠤᠷᠢᠳᠤ ᠶ᠋ᠢᠨ ᠡᠵᠡᠨ ᠥᠨᠢ ᠥᠨᠳᠥᠷ ᠠᠬ᠎ᠠ ᠳᠡᠭᠦᠦ ᠬᠣᠶᠠᠭᠤᠯᠠ ᠠ᠋ᠴᠠ ᠥᠨᠳᠥᠷ ᠪᠧᠲ᠋ᠠ᠋ ᠤᠯᠤᠰ ᠲᠤᠷ ᠳᠠᠭᠠᠵᠤ ᠬᠡᠳᠦᠢ ᠬᠡᠷᠡᠢᠳ ᠢ᠋ ᠬᠤᠷᠢᠶᠠᠮᠵᠢᠯᠠᠬᠤᠶ᠎ᠠ ᠴᠡᠷᠢᠭ ᠲᠦ᠍ᠷ ᠦᠬᠦᠭᠰᠡᠨ ᠪᠣᠯᠪᠠᠴᠤ ᠲᠡᠭᠦᠨ ᠦ᠌ ᠭᠤᠷᠪᠠᠨ ᠬᠥᠪᠡᠭᠦᠨ ᠡᠳᠦᠭᠡ ᠶᠡᠬᠡ ᠭᠠᠪᠢᠶᠠᠲᠤ ᠰᠠᠢᠳ ᠤ᠋ᠨ ᠬᠡᠦᠬᠡᠳ ᠶᠣᠰᠣᠭᠠᠷ ᠪᠧᠲ᠋ᠠ᠋ ᠶ᠋ᠢᠨ ᠡᠵᠡᠨ ᠦ᠌ ᠬᠡᠦᠬᠡᠳ ᠯᠦ᠍ᠭᠡ ᠠᠳᠠᠯᠢ ᠪᠢᠴᠢᠭ ᠴᠡᠷᠢᠭ ᠲᠦ᠍ᠷ ᠰᠤᠷᠤᠯᠴᠠᠵᠤ ᠶᠠᠪᠤᠮᠤᠢ᠃ ᠴᠠᠭ ᠢ᠋ ᠡᠰᠡ ᠮᠡᠳᠡᠭᠰᠡᠨ ᠮᠠᠨ ᠤ᠋ ᠡᠵᠡᠨ ᠥᠨᠢ᠂ ᠪᠧᠲ᠋ᠠ᠋ ᠤᠯᠤᠰ ᠠ᠋ᠴᠠ ᠵᠥᠷᠢᠴᠡᠵᠦ ᠶᠠᠪᠤᠭᠰᠠᠭᠠᠷ᠂ ᠡᠨᠡ ᠡᠵᠡᠨ ᠲᠣᠳᠣ ᠳ᠋ᠤᠷ ᠬᠠᠭᠤᠷᠲᠠᠵᠤ᠂ ᠲᠣᠳᠣ ᠬᠡᠷᠡᠢᠳ ᠦ᠋ᠨ ᠾᠧ ᠸᠠᠩ ᠯᠤᠭ᠎ᠠ ᠰᠡᠮᠡᠬᠡᠷ ᠨᠢᠭᠡᠳᠴᠦ ᠮᠠᠨ ᠤ᠋ ᠡᠵᠡᠨ ᠢ᠋ ᠠᠯᠠᠭᠠᠳ ᠡᠨᠡ ᠲᠣᠳᠣ ᠪᠢᠳᠡᠨ ᠢ᠋ ᠡᠵᠡᠯᠡᠵᠦ᠂ ᠪᠠᠰᠠ ᠵᠦᠭᠡᠷ ᠪᠠᠢᠬᠤ ᠦᠭᠡᠢ᠂ ᠣᠨᠴᠠ ᠪᠧᠲ᠋ᠠ᠋ ᠤᠯᠤᠰ ᠯᠤᠭ᠎ᠠ ᠲᠡᠮᠡᠴᠡᠭᠰᠡᠭᠡᠷ ᠡᠳᠦᠭᠡ ᠶᠡᠬᠡ ᠴᠡᠷᠢᠭ ᠢᠷᠡᠭᠦᠯᠬᠦᠢ ᠳ᠋ᠦ᠍ᠷ ᠬᠦᠷᠦᠭᠦᠯᠵᠦ᠂ ᠪᠢᠳᠡᠨ ᠦ᠌ ᠤᠯᠤᠰ ᠤ᠋ᠨ ᠬᠥᠭᠰᠢᠨ ᠨᠢᠯᠬ᠎ᠠ ᠴᠥᠮ ᠬᠡᠮᠬᠡᠷᠡᠨ ᠦᠬᠦᠬᠦᠢ ᠳ᠋ᠦ᠍ᠷ ᠬᠦᠷᠪᠡ᠃ ᠬᠡᠷᠡᠢᠳ ᠪᠠ ᠨᠠᠢ᠍ᠮᠠᠨ ᠤᠯᠤᠰ ᠮᠠᠨ ᠳ᠋ᠤ᠌ ᠦᠯᠢᠳᠬᠡᠪᠡᠰᠦ ᠲᠡᠭᠷᠢ ᠬᠤᠷᠮᠤᠰᠲᠠ ᠮᠡᠲᠦ ᠶᠡᠬᠡ ᠪᠥᠭᠡᠲᠡᠯ᠎ᠡ ᠪᠧᠲ᠋ᠠ᠋ ᠤᠯᠤᠰ ᠤ᠋ᠨ ᠴᠡᠷᠢᠭᠯᠡᠬᠦ ᠶ᠋ᠢ ᠳᠠᠭᠠᠭᠠᠭᠰᠠᠨ ᠦᠭᠡᠢ ᠴᠥᠮ ᠠᠪᠲᠠᠭᠰᠠᠨ ᠢ᠋ ᠮᠠᠨ ᠤ᠋ ᠡᠨᠡ ᠥᠴᠦᠬᠡᠨ ᠤᠯᠤᠰ ᠣᠳᠣ ᠨᠡᠩ ᠶᠠᠭᠤᠨ ᠥᠭᠦᠯᠡᠬᠦ ? ᠡᠨᠡ ᠲᠣᠳᠣ ᠶᠠᠮᠪᠠᠷ ᠮᠠᠨ ᠤ᠋ ᠤᠭ ᠡᠵᠡᠨ ᠪᠠᠰᠠ ᠪᠤᠰᠤ᠂ ᠨᠡᠩ ᠬᠠᠷᠢᠨ ᠮᠠᠨ ᠤ᠋ ᠤᠭ ᠡᠵᠡᠨ ᠢ᠋ ᠠᠯᠠᠭᠰᠠᠨ ᠦᠰ ᠪᠣᠢ ᠲᠤᠯᠠ ᠡᠨᠡ ᠰᠢᠷᠭᠤᠯᠵᠢ ᠶ᠋ᠢᠨ ᠡᠭᠦᠷ ᠲᠡᠮᠡᠭᠡᠨ ᠦ ᠬᠥᠯ ᠢ᠋ᠶ᠋ᠡᠷ ᠭᠢᠰᠬᠢᠭᠳᠡᠬᠦ ᠮᠡᠲᠦ ᠪᠢᠳᠡ ᠨᠢᠭᠡᠬᠡᠨ ᠬᠥᠮᠦᠨ ᠦ᠌ ᠲᠤᠯᠠ ᠨᠢᠭᠡᠨ ᠠᠢᠮᠠᠭ ᠤᠯᠤᠰ ᠬᠠᠷᠠᠭᠰᠠᠭᠠᠷ ᠴᠥᠮ ᠦᠬᠦᠬᠦ < ᠪᠢᠳᠡ ᠪᠦᠭᠦᠳᠡᠭᠡᠷ ᠨᠡᠢᠯᠡᠵᠦ ᠲᠣᠳᠣ ᠶ᠋ᠢ ᠠᠯᠠᠭᠠᠳ ᠡᠰᠡᠬᠦᠯ᠎ᠡ ᠪᠠᠷᠢᠵᠤ᠂ ᠪᠧᠲ᠋ᠠ᠋ ᠤᠯᠤᠰ ᠲᠤᠷ ᠬᠦᠷᠭᠡᠵᠦ ᠳᠠᠭᠠᠪᠠᠰᠤ ᠣᠯᠠᠨ ᠤ᠋ > ᠦᠬᠦᠬᠦ ᠡᠴᠡ ᠭᠡᠲᠦᠯᠵᠦ ᠪᠣᠯᠤᠮᠤᠢ᠃ 》ᠭᠡᠮᠡᠨ ᠵᠥᠪᠯᠡᠬᠦ ᠶ᠋ᠢ ᠲᠣᠳᠣ ᠶ᠋ᠢᠨ ᠲᠥᠷᠥᠯ ᠲᠠᠷᠢᠰᠣᠨᠤᠰᠤᠭ᠍ᠴᠢ ᠬᠡᠮᠡᠭᠴᠢ ᠢᠨᠦ ᠣᠯᠵᠤ ᠰᠣᠨᠣᠰᠤᠭᠠᠳ ᠶᠡᠬᠡᠯ᠎ᠡ ᠭᠡᠯᠮᠡᠵᠦ᠂ ᠲᠣᠳᠣ ᠳ᠋ᠤᠷ ᠡᠳᠡᠭᠡᠷ ᠤᠴᠢᠷ ᠢ᠋ ᠬᠡᠯᠡᠬᠦᠶ᠎ᠡ᠂ ᠲᠣᠳᠣ ᠠᠶᠤᠵᠤ ᠴᠢᠷᠠᠢ ᠬᠤᠪᠢᠯᠤᠨ ᠣᠳᠣ ᠬᠡᠷᠬᠢᠪᠡᠰᠦ ᠰᠠᠢᠨ ᠭᠡᠮᠡᠨ ᠵᠥᠪᠯᠡᠬᠦᠢ ᠳ᠋ᠦ᠍ᠷ ᠲᠠᠷᠢᠰᠣᠨᠤᠰᠤᠭ᠍ᠴᠢ ᠥᠭᠦᠯᠡᠷᠦᠨ : 《ᠡᠵᠡᠨ ᠴᠢ ᠤᠷᠢᠳᠠ ᠬᠡᠳᠦᠨ ᠮᠣᠷᠢᠲᠠᠨ ᠢ᠋ ᠠᠪᠴᠤ ᠬᠠᠭᠤᠴᠢᠨ ᠨᠠᠢ᠍ᠮᠠᠨ ᠤ᠋ ᠪᠤᠯᠤᠤ ᠸᠠᠩ ᠤ᠋ᠨ ᠲᠡᠨᠳᠡ ᠪᠤᠷᠤᠭᠤᠯᠠᠨ ᠡᠴᠢᠵᠦ ᠳ᠋ᠦ᠍ᠷ ᠵᠠᠢᠯᠠᠵᠤ ᠪᠠᠢᠭᠲᠤᠨ᠃ ᠡᠨᠡ ᠵᠠᠪᠰᠠᠷ ᠲᠤᠷ ᠨᠠᠳᠠ ᠳ᠋ᠤᠷ ᠨᠢᠭᠡᠨ ᠰᠢᠯᠪᠤᠯᠦᠷ ᠨᠡᠷᠡᠲᠦ ᠰᠠᠢᠬᠠᠨ ᠥᠬᠢᠨ ᠪᠣᠢ᠃ ᠪᠢ ᠣᠯᠠᠨ ᠢ᠋ ᠠᠪᠴᠤ ᠡᠨᠡ ᠥᠬᠢᠨ ᠢ᠋ ᠪᠧᠲ᠋ᠠ᠋ ᠶ᠋ᠢᠨ ᠡᠵᠡᠨ ᠳ᠋ᠦ᠍ᠷ ᠬᠦᠷᠭᠡᠵᠦ ᠥᠭᠭᠦᠭᠡᠳ ᠲᠡᠭᠦᠨ ᠦ᠌ ᠰᠡᠳᠬᠢᠯ ᠢ᠋ ᠢᠲᠡᠭᠡᠭᠦᠯᠵᠦ ᠴᠡᠷᠢᠭ ᠢ᠋ ᠡᠭᠡᠭᠦᠯᠦᠭᠡᠳ ᠡᠨᠡ ᠵᠠᠪᠰᠠᠷ ᠲᠤᠷ ᠮᠠᠨ ᠤ᠋ ᠤᠯᠤᠰ ᠤ᠋ᠨ ᠣᠯᠠᠨ ᠤ᠋ ᠰᠡᠳᠬᠢᠯ ᠢ᠋ ᠬᠡᠯᠡᠯᠴᠡᠨ ᠤᠷᠪᠠᠭᠤᠯᠵᠤ᠂ ᠡᠵᠡᠨ ᠢ᠋ ᠵᠠᠯᠠᠨ ᠠᠴᠢᠷᠠᠭᠤᠯᠰᠤᠭᠠᠢ᠃ ᠡᠢᠮᠦ ᠪᠣᠯᠪᠠᠰᠤ ᠡᠨᠡ ᠵᠣᠪᠠᠯᠠᠩ ᠠ᠋ᠴᠠ ᠬᠡᠯᠲᠦᠷᠢᠵᠦ ᠪᠣᠯᠬᠤ ᠪᠥᠭᠡᠳ ᠮᠠᠨ ᠤ᠋ ᠤᠯᠤᠰ ᠪᠠᠰᠠ ᠮᠥᠬᠥᠬᠦ ᠦᠭᠡᠢ ᠪᠣᠯᠤᠮᠤᠢ ! 》 ᠬᠡᠮᠡᠬᠦᠢ ᠳ᠋ᠦ᠍ᠷ ᠲᠣᠳᠣ ᠪᠣᠳᠣᠪᠠᠴᠤ ᠡᠭᠦᠨ ᠡᠴᠡ ᠥᠪᠡᠷ᠎ᠡ ᠠᠷᠭ᠎ᠠ ᠦᠭᠡᠢ ᠲᠤᠯᠠ ᠡᠨᠡ ᠶᠣᠰᠣᠭᠠᠷ ᠲᠣᠭᠲᠠᠵᠤ ᠮᠥᠨ ᠰᠥᠨᠢ ᠲᠣᠳᠣ ᠳᠠᠷᠤᠢ ᠬᠡᠳᠦᠨ ᠮᠣᠷᠢᠲᠠᠨ ᠢ᠋ ᠠᠪᠴᠤ ᠤᠷᠭᠤᠨ ᠬᠠᠭᠤᠴᠢᠨ ᠨᠠᠢ᠍ᠮᠠᠨ ᠤ᠋ ᠪᠤᠯᠤᠤ ᠸᠠᠩ ᠤ᠋ᠨ ᠳᠡᠷᠭᠡᠳᠡ ᠡᠴᠢᠪᠡ᠃
ᠲᠡᠳᠦᠢ ᠲᠠᠷᠢᠰᠣᠨᠤᠰᠤᠭ᠍ᠴᠢ ᠦᠯᠦ ᠮᠡᠳᠡᠭᠴᠢ ᠪᠣᠯᠵᠤ᠂ ᠠᠢᠮᠠᠭ ᠤ᠋ᠨ ᠣᠯᠠᠨ ᠯᠤᠭ᠎ᠠ ᠪᠠᠨ ᠵᠥᠪᠯᠡᠨ ᠲᠣᠳᠣ ᠶ᠋ᠢ ᠪᠠᠷᠢᠷ᠎ᠠ ᠢᠷᠡᠭᠰᠡᠨ ᠳ᠋ᠦ᠍ᠷ《ᠲᠣᠳᠣ ᠤᠷᠭᠤᠭᠰᠠᠭᠠᠷ ᠭᠤᠷᠪᠠ ᠬᠣᠨᠣᠪᠠ ! 》ᠬᠡᠮᠡᠬᠦᠢ ᠳ᠋ᠦ᠍ᠷ᠂ ᠣᠯᠠᠨ ᠴᠥᠮ ᠠᠷᠭ᠎ᠠ ᠪᠠᠨ ᠵᠠᠪᠬᠠᠷᠠᠨ ᠪᠠᠰᠠ ᠠᠶᠤᠮᠰᠢᠭ᠋ ᠦᠭᠡᠢ ᠪᠧᠲ᠋ᠠ᠋ ᠤᠯᠤᠰ ᠤ᠋ᠨ ᠴᠡᠷᠢᠭ ᠢ᠋ ᠤᠭᠲᠤᠨ ᠡᠴᠢᠵᠦ ᠣᠷᠣᠵᠤ ᠥᠭᠰᠦᠭᠡᠢ ᠭᠡᠮᠡᠨ ᠬᠡᠯᠡᠵᠦ ᠴᠢᠳᠠᠬᠤ ᠦᠭᠡᠢ ᠪᠦᠭᠦᠳᠡᠭᠡᠷ ᠠᠶᠤᠯᠳᠤᠬᠤᠢ ᠳ᠋ᠤᠷ ᠲᠠᠷᠢᠰᠣᠨᠤᠰᠤᠭ᠍ᠴᠢ ᠣᠯᠠᠨ ᠢ᠋ ᠴᠤᠭᠯᠠᠭᠤᠯᠵᠤ ᠥᠭᠦᠯᠡᠷᠦᠨ : 《ᠨᠠᠳᠠ ᠳ᠋ᠤᠷ ᠨᠢᠭᠡᠨ ᠠᠷᠭ᠎ᠠ ᠪᠣᠢ᠂ ᠮᠢᠨᠦ ᠭᠠᠭᠴᠠ ᠥᠬᠢᠨ ᠰᠢᠯᠪᠣᠯᠦᠷ ᠲᠥᠷᠥᠭᠰᠡᠨ ᠢᠨᠦ ᠬᠡᠲᠦᠷᠬᠡᠶ᠎ᠡ ᠭᠤᠸ᠎ᠠ ᠦᠵᠡᠰᠬᠦᠯᠡᠩ᠂ ᠨᠠᠷᠢᠨ ᠰᠠᠢᠬᠠᠨ ᠣᠶᠤᠨ ᠮᠠᠲᠠᠯ ᠮᠥᠨ ᠦᠯᠡᠮᠵᠢ ᠰᠡᠷᠭᠦᠯᠡᠩ᠂ ᠡᠨᠡ ᠵᠢᠯ ᠰᠠᠶᠢ ᠠᠷᠪᠠᠨ ᠳᠣᠯᠣᠭᠠᠨ ᠨᠠᠰᠤ ᠲᠠᠢ᠂ ᠬᠡᠳᠦᠢᠴᠢᠨᠡᠭᠡᠨ ᠭᠠᠵᠠᠷ ᠭᠤᠶᠤᠮᠤᠢ ᠬᠡᠮᠡᠲᠡᠯ᠎ᠡ ᠮᠢᠨᠦ ᠬᠡᠦᠬᠡᠨ ᠳ᠋ᠦ᠍ᠷ ᠲᠡᠩᠴᠡᠬᠦ ᠬᠦᠷᠭᠡᠨ ᠦᠭᠡᠢ ᠲᠤᠯᠠ ᠡᠰᠡ ᠥᠭᠭᠦᠭᠰᠡᠨ ᠪᠥᠯᠥᠭᠡ᠃ ᠡᠳᠦᠭᠡ ᠡᠨᠡ ᠬᠡᠦᠬᠡᠨ ᠢ᠋ ᠲᠡᠷᠢᠭᠦᠯᠡᠵᠦ ᠠᠯᠲᠠ ᠮᠥᠩᠭᠥ᠂ ᠡᠷᠳᠡᠨᠢ ᠰᠤᠪᠤᠳ ᠪᠠ ᠠᠳᠤᠭᠤ ᠮᠠᠯ ᠢ᠋ ᠠᠪᠴᠤ ᠪᠧᠲ᠋ᠠ᠋ ᠤᠯᠤᠰ ᠲᠤᠷ ᠤᠭᠲᠤᠨ ᠳᠠᠭᠠᠪᠠᠰᠤ ᠮᠠᠨ ᠤ᠋ ᠨᠢᠭᠡᠨ ᠤᠯᠤᠰ ᠤ᠋ᠨ ᠬᠥᠭᠰᠢᠨ ᠵᠠᠯᠠᠭᠤ ᠬᠡᠮᠬᠡᠷᠡᠨ ᠦᠬᠦᠬᠦ ᠵᠣᠪᠠᠯᠠᠩ ᠠ᠋ᠴᠠ ᠭᠡᠲᠦᠯᠵᠦ ᠪᠣᠯᠤᠮᠤᠢ ! 》ᠬᠡᠮᠡᠬᠦᠢ ᠳ᠋ᠦ᠍ᠷ ᠣᠯᠠᠨ ᠢ᠋ᠶ᠋ᠠᠷ ᠪᠠᠶᠠᠷᠯᠠᠯᠴᠠᠨ ᠲᠠᠷᠢᠰᠣᠨᠤᠰᠤᠭ᠍ᠴᠢ ᠶ᠋ᠢᠨ ᠥᠬᠢᠨ ᠢ᠋ᠶ᠋ᠡᠷ ᠢ᠋ᠶ᠋ᠡᠨ ᠣᠯᠠᠨ ᠤ᠋ ᠵᠣᠪᠠᠯᠠᠩ ᠢ᠋ ᠠᠪᠤᠷᠠᠬᠤᠢ ᠳ᠋ᠤᠷ ᠰᠢᠳᠦᠨ ᠰᠦᠰᠦᠭᠯᠡᠵᠦ᠂ ᠳᠠᠷᠤᠢ ᠲᠡᠭᠦᠨ ᠢ᠋ ᠮᠠᠢᠯᠵᠢ ᠠᠢᠮᠠᠭ ᠤ᠋ᠨ ᠡᠵᠡᠨ ᠪᠣᠯᠭᠠᠵᠤ ᠡᠷᠭᠦᠪᠡ᠃
ᠲᠡᠳᠦᠢ ᠲᠠᠷᠢᠰᠣᠨᠤᠰᠤᠭ᠍ᠴᠢ ᠡᠳᠡᠭᠡᠷ ᠤᠴᠢᠷ ᠢ᠋ ᠥᠬᠢᠨ ᠳ᠋ᠦ᠍ᠷ ᠢ᠋ᠶ᠋ᠡᠨ ᠬᠡᠯᠡᠭᠰᠡᠨ᠎ᠡ ᠥᠬᠢᠨ ᠢᠨᠦ ᠰᠢᠯᠪᠤᠯᠤᠷ ᠤᠬᠢᠯᠠᠵᠤ ᠥᠭᠦᠯᠡᠷᠦᠨ : 《 ᠮᠢᠨᠦ ᠨᠢᠭᠡᠨ ᠪᠡᠶ᠎ᠡ ᠪᠡᠷ ᠬᠡᠳᠦᠨ ᠲᠦᠮᠡᠨ ᠬᠥᠮᠦᠨ ᠦ᠌ ᠠᠮᠢᠨ ᠢ᠋ ᠠᠪᠤᠷᠠᠨ ᠭᠠᠷᠭᠠᠬᠤ ᠲᠤᠯᠠ ᠶᠠᠭᠠᠬᠢᠨ ᠮᠠᠷᠭᠤᠵᠤ ᠪᠣᠯᠤᠮᠤᠢ ! 》 ᠭᠡᠮᠡᠨ ᠡᠴᠢᠭᠡ ᠶ᠋ᠢᠨ ᠦᠭᠡ ᠢ᠋ ᠳᠠᠭᠠᠭᠰᠠᠨ ᠳ᠋ᠤᠷ ᠡᠴᠢᠭᠡ ᠢᠨᠦ ᠲᠠᠷᠢᠰᠣᠨᠣᠰᠤᠭ᠍ᠴᠢ ᠶᠡᠬᠡᠯ᠎ᠡ ᠪᠠᠶᠠᠷᠯᠠᠨ ᠳᠠᠷᠤᠢ ᠰᠢᠷ᠎ᠠ ᠠᠯᠲᠠ ᠵᠠᠭᠤᠨ ᠯᠠᠩ᠂ ᠰᠤᠪᠤᠳ ᠡᠷᠳᠡᠨᠢ ᠶ᠋ᠢᠨ ᠵᠦᠢᠯ ᠨᠢᠭᠡᠨ ᠳᠠᠪᠰᠢ᠂ ᠪᠠᠰᠠ ᠲᠠᠪᠤᠨ ᠵᠠᠭᠤᠨ ᠠᠭᠲᠠ ᠠᠪᠴᠤ ᠪᠧᠲ᠋ᠠ᠋ ᠤᠯᠤᠰ ᠤ᠋ᠨ ᠴᠡᠷᠢᠭ ᠢ᠋ ᠤᠯᠤᠰ ᠤ᠋ᠨ ᠵᠠᠬ᠎ᠠ ᠶ᠋ᠢᠨ ᠭᠠᠳᠠᠨ᠎ᠠ ᠭᠠᠷᠴᠤ ᠤᠭᠲᠤᠵᠤ ᠮᠥᠷᠭᠥᠭᠡᠳ ᠥᠬᠢᠨ ᠰᠢᠯᠪᠤᠯᠤᠷ ᠲᠡᠷᠢᠭᠦᠯᠡᠨ ᠡᠳ᠋ ᠮᠠᠯ ᠢ᠋ᠶ᠋ᠠᠨ ᠡᠷᠭᠦᠵᠦ ᠳᠠᠭᠠᠬᠤ ᠤᠴᠢᠷ ᠢ᠋ᠶ᠋ᠠᠨ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠵᠠᠬᠢᠶ᠎ᠠ ᠥᠭᠭᠦᠨ ᠲᠡᠳᠡᠨ ᠢ᠋ ᠥᠪᠡᠷ᠎ᠡ ᠪᠠᠭᠤᠳᠠᠯᠯᠠᠭᠤᠯᠤᠭᠠᠳ ᠰᠥᠨᠢ ᠡᠳᠡᠭᠡᠷ ᠤᠴᠢᠷ ᠢ᠋ ᠲᠠᠢᠽᠦ ᠳ᠋ᠦ᠍ᠷ ᠮᠡᠳᠡᠭᠦᠯᠦᠭᠰᠡᠨ ᠳ᠋ᠦ᠍ᠷ ᠲᠠᠢᠽᠦ ᠡᠢᠮᠦ ᠥᠬᠢᠨ ᠪᠣᠢ ᠬᠡᠮᠡᠬᠦ ᠶ᠋ᠢ ᠰᠣᠨᠣᠰᠴᠤ ᠶᠡᠬᠡᠯ᠎ᠡ ᠬᠢᠯᠢᠩ ᠲᠥᠷᠥᠵᠦ ᠥᠴᠢᠷᠦᠨ : 《ᠡᠨᠡ ᠮᠠᠢᠯᠵᠢ ᠠᠢᠮᠠᠭ ᠮᠠᠨ ᠤ᠋ ᠪᠧᠲ᠋ᠠ᠋ ᠤᠯᠤᠰ ᠬᠢᠭᠡᠳ ᠮᠢᠨᠦ ᠪᠡᠶ᠎ᠡ ᠶ᠋ᠢ ᠮᠠᠰᠢ ᠥᠴᠦᠬᠡᠨ ᠦᠵᠡᠵᠦᠬᠦᠢ᠃ ᠡᠳ᠋ ᠮᠠᠯ ᠪᠠᠷᠢᠬᠤ ᠠᠨᠤ ᠮᠢᠨᠦ ᠴᠡᠷᠢᠭ ᠲᠦ᠍ᠷ ᠲᠦᠭᠡᠭᠡᠬᠦ ᠢᠨᠦ ᠲᠤᠯᠠ ᠪᠣᠯᠲᠤᠭᠠᠢ᠂ ᠡᠨᠡ ᠰᠠᠢᠬᠠᠨ ᠵᠢᠰᠦᠲᠦ ᠥᠷᠯᠥᠭᠡ ᠦᠳᠡᠰᠢ ᠶ᠋ᠢᠨ ᠴᠡᠴᠡᠭ ᠮᠡᠲᠦ ᠪᠡᠷ ᠨᠠᠮᠠᠶ᠋ᠢ ᠪᠠᠴᠢᠯᠠᠰᠤᠭᠠᠢ ᠬᠡᠮᠡᠬᠦ ᠢᠨᠦ ᠮᠠᠰᠢ ᠠᠭᠤᠷᠯᠠᠯᠲᠠᠢ᠂ ᠡᠷᠬᠡᠪᠰᠢ ᠴᠡᠷᠢᠭ ᠠᠪᠴᠤ ᠪᠠᠷᠠᠲᠠᠯ᠎ᠠ ᠰᠥᠨᠥᠭᠡᠮᠦᠢ ! 》 ᠬᠡᠮᠡᠬᠦᠢ ᠳ᠋ᠦ᠍ᠷ ᠮᠤᠬᠤᠯᠢ᠂ ᠲᠠᠢᠽᠦ ᠶ᠋ᠢ ᠶᠡᠬᠡᠯ᠎ᠡ ᠤᠨᠳᠣᠭᠣᠴᠢᠬᠤ ᠪᠣᠯᠭᠤᠵᠠᠢ ᠭᠡᠮᠡᠨ ᠶᠠᠭᠠᠷᠠᠨ ᠰᠥᠭᠥᠳᠴᠦ ᠮᠡᠳᠡᠭᠦᠯᠦᠷᠦᠨ : 《ᠡᠵᠡᠨ ᠬᠢᠯᠢᠩ ᠢ᠋ ᠨᠠᠮᠠᠬᠠᠷᠠᠭᠤᠯᠤᠨ ᠠᠯᠭᠤᠷᠯᠠᠨ ᠠᠪᠠᠴᠢᠮᠤ᠂ ᠡᠨᠡ ᠤᠳᠠᠭ᠎ᠠ ᠶ᠋ᠢᠨ ᠣ ᠡᠩᠭᠡᠰᠬᠡ ᠭᠤᠸ᠎ᠠ ᠥᠩᠭᠡ ᠪᠡᠷ ᠬᠥᠮᠦᠨ ᠢ᠋ ᠮᠡᠬᠡᠯᠡᠬᠦ ᠶ᠋ᠢ ᠡᠵᠡᠨ ᠭᠠᠭᠴᠠᠭᠠᠷ ᠲᠣᠯᠢᠳᠠᠨ ᠠᠢᠯᠠᠳᠤᠭᠰᠠᠨ ᠪᠣᠢ ᠶᠠ᠂ ᠳᠡᠯᠡᠬᠡᠢ ᠶ᠋ᠢᠨ ᠬᠥᠮᠦᠨ ᠴᠥᠮ ᠲᠡᠪᠴᠢᠨ ᠴᠢᠳᠠᠵᠤ ᠤᠬᠠᠵᠤ ᠮᠡᠳᠡᠭᠰᠡᠨ ᠦᠭᠡᠢ ᠢᠨᠦ ᠪᠤᠰᠤ᠂ ᠵᠢᠴᠢ ᠳ᠋ᠦ᠍ᠷ ᠲᠡᠳᠡᠨ ᠦ᠌ ᠰᠠᠨᠠᠭᠠᠨ ᠳ᠋ᠤᠷ ᠰᠠᠢᠬᠠᠨ ᠥᠩᠭᠡ ᠪᠡᠷ ᠡᠵᠡᠨ ᠦ᠌ ᠰᠡᠳᠬᠢᠯ ᠢ᠋ ᠪᠠᠶᠠᠰᠬᠠᠵᠤ᠂ ᠣ ᠡᠩᠭᠡᠰᠬᠡ ᠪᠡᠷ ᠠᠮᠠᠷᠠᠭ ᠢᠨᠠᠭ ᠢ᠋ ᠣᠯᠰᠤᠭᠠᠢ ᠬᠡᠮᠡᠭᠰᠡᠨ ᠰᠠᠨᠠᠭᠠᠨ ᠢ᠋ ᠡᠵᠡᠨ ᠨᠢᠭᠡᠨᠲᠡ ᠠᠢᠯᠠᠳᠤᠭᠰᠠᠨ ᠲᠤᠯᠠ ᠮᠥᠨ ᠲᠡᠷᠡ ᠤᠬᠠᠭᠠᠨ ᠢ᠋ᠶ᠋ᠠᠷ ᠴᠥᠮ ᠬᠦᠯᠢᠶᠡᠨ ᠠᠪᠴᠤ ᠮᠥᠨ ᠲᠡᠳᠡᠨ ᠦ᠌ ᠢᠨᠠᠭᠯᠠᠰᠤᠭᠠᠢ ᠬᠡᠮᠡᠬᠦ ᠰᠠᠨᠠᠭᠠᠨ ᠢ᠋ ᠡᠵᠡᠨ ᠤᠷᠪᠠᠭᠤᠯᠤᠨ ᠬᠡᠷᠡᠭᠯᠡᠵᠦ᠂ ᠰᠠᠢᠬᠠᠨ ᠥᠩᠭᠡ ᠶ᠋ᠢ ᠮᠥᠨ ᠬᠦᠴᠦᠨ ᠥᠭᠭᠦᠭᠰᠡᠳ ᠲᠣᠷ ᠱᠠᠩᠨᠠᠪᠠᠰᠤ ᠡᠨᠡ ᠰᠠᠢᠬᠠᠨ ᠥᠩᠭᠡ ᠶ᠋ᠢ ᠬᠦᠯᠢᠶᠡᠨ ᠠᠪᠤᠭᠰᠠᠨ ᠮᠠᠭᠤᠬᠠᠢ ᠨᠡᠷ᠎ᠡ ᠬᠠᠷᠢᠨ ᠰᠠᠢᠨ ᠨᠡᠷ᠎ᠡ ᠪᠣᠯᠤᠨ ᠬᠤᠪᠢᠯᠬᠤ ᠪᠠᠷ ᠦᠯᠦ ᠪᠠᠷᠠᠨ᠂ ᠰᠠᠢᠬᠠᠨ ᠥᠩᠭᠡ ᠳ᠋ᠦ᠍ᠷ ᠬᠦᠷᠲᠡᠭᠰᠡᠨ ᠬᠥᠮᠦᠨ ᠣᠳᠣ ᠡᠵᠡᠨ ᠳ᠋ᠦ᠍ᠷ ᠦᠬᠦᠲᠡᠯ᠎ᠡ ᠰᠦᠰᠦᠭᠯᠡᠬᠦ ᠦᠭᠡᠢ ᠦᠦ ? ᠵᠢᠴᠢ ᠳ᠋ᠦ᠍ᠷ ᠬᠣᠢᠴᠢ ᠡᠳᠦᠷ ᠬᠣᠯᠠᠳᠠᠬᠢ ᠤᠯᠤᠰ ᠢ᠋ ᠣᠷᠣᠭᠤᠯᠤᠨ ᠠᠪᠬᠤᠢ ᠳ᠋ᠤᠷ ᠬᠢᠯᠪᠠᠷ ᠵᠢᠷᠤᠮ ᠭᠠᠷᠴᠤ ᠪᠠᠰᠠ ᠲᠡᠭᠦᠨ ᠦ᠌ ᠦᠭᠡ ᠪᠡᠷ ᠣᠯᠵᠠ ᠶ᠋ᠢ ᠠᠨᠤ ᠲᠠᠭᠠᠯᠴᠠᠭᠤᠯᠤᠨ ᠠᠪᠬᠤ ᠠᠨᠤ ᠵᠦᠢ ᠪᠣᠯᠠᠢ᠃ ᠡᠵᠡᠨ ᠮᠢᠨᠦ ᠥᠷᠥᠰᠢᠶᠡᠵᠦ ᠠᠢᠯᠠᠳᠤᠨ ᠰᠣᠶᠣᠷᠬ᠎ᠠ !》ᠭᠡᠮᠡᠨ ᠮᠥᠷᠭᠥᠭᠰᠡᠨ ᠳ᠋ᠦ᠍ᠷ ᠲᠠᠢᠽᠦ ᠭᠡᠨᠡᠳᠲᠡ ᠰᠡᠬᠡᠰᠬᠢᠵᠦ ᠮᠦᠰᠢᠶᠡᠵᠦ ᠥᠴᠢᠷᠦᠨ : 《ᠤᠷᠲᠤ ᠬᠣᠯᠠ ᠤᠷᠠᠨ ᠨᠠᠷᠢᠨ ᠬᠠᠮᠲᠤ ᠪᠦᠷᠢᠳᠦᠭᠰᠡᠨ ᠵᠢᠨᠦᠩ ᠮᠢᠨᠦ᠂ ᠣᠶᠤᠨ ᠪᠢᠯᠢᠭ ᠤᠬᠠᠭᠠᠨ ᠰᠠᠨᠠᠭᠠᠨ ᠴᠤᠭᠠᠷ ᠴᠤᠭᠯᠠᠷᠠᠭᠰᠠᠨ ᠮᠤᠬᠤᠯᠢ ᠮᠢᠨᠦ ! 》ᠭᠡᠮᠡᠨ ᠰᠠᠢᠰᠢᠶᠠᠬᠤᠢ ᠳ᠋ᠤᠷ ᠮᠤᠬᠤᠯᠢ ᠪᠠᠰᠠ ᠮᠡᠳᠡᠭᠦᠯᠦᠷᠦᠨ :《 ᠪᠡᠯᠭᠦᠳᠡᠢ ᠶ᠋ᠢᠨ ᠤᠯᠤᠰ ᠤ᠋ᠨ ᠲᠤᠯᠠ ᠥᠩᠭᠡ ᠶ᠋ᠢ ᠲᠡᠪᠴᠢᠭᠰᠡᠨ ᠨᠢᠭᠡᠨ ᠵᠦᠢᠯ ᠦ᠋ᠨ ᠰᠠᠢᠰᠢᠶᠠᠯᠲᠠᠢ ᠭᠠᠵᠠᠷ ᠪᠣᠢ ᠪᠣᠯᠠᠢ᠂ ᠡᠵᠡᠨ ᠳᠠᠷᠤᠢ ᠡᠭᠦᠨ ᠳ᠋ᠦ᠍ᠷ ᠨᠡᠢᠯᠡᠭᠦᠯᠪᠡᠰᠦ ᠶᠠᠮᠪᠠᠷ ?》ᠬᠡᠮᠡᠭᠰᠡᠨ ᠳ᠋ᠦ᠍ᠷ ᠲᠠᠢᠽᠦ ᠶᠡᠬᠡᠯ᠎ᠡ ᠪᠡᠶᠡᠰᠦᠨ 《ᠡᠨᠡ ᠦᠢᠯᠡ ᠶ᠋ᠢ ᠪᠢ ᠦᠨᠡᠬᠡᠷ ᠰᠠᠨᠠᠭᠠᠨ ᠳ᠋ᠤᠷ ᠣᠷᠣᠭᠰᠠᠨ ᠦᠭᠡᠢ᠃ 》ᠭᠡᠮᠡᠨ ᠳᠠᠷᠤᠢ ᠵᠥᠪᠯᠡᠨ ᠲᠣᠭᠲᠠᠵᠤ᠂ ᠮᠠᠷᠭᠠᠲᠠ ᠠᠨᠤ ᠮᠠᠢᠯᠵᠢ ᠠᠢᠮᠠᠭ ᠤ᠋ᠨ ᠲᠠᠷᠢᠰᠣᠨᠣᠰᠤᠭ᠍ᠴᠢ ᠶ᠋ᠢ ᠮᠤᠬᠤᠯᠢ ᠤᠳᠤᠷᠢᠳᠤᠨ ᠲᠠᠢᠽᠦ ᠳ᠋ᠦ᠍ᠷ ᠵᠣᠯᠭᠠᠭᠤᠯᠤᠨ ᠮᠥᠷᠭᠥᠭᠦᠯᠦᠭᠡᠳ ᠳᠠᠭᠠᠬᠤ ᠤᠴᠢᠷ ᠢ᠋ ᠪᠦᠷᠢᠳᠬᠡᠨ ᠮᠡᠳᠡᠭᠦᠯᠦᠭᠦᠯᠵᠦ᠂ ᠪᠠᠷᠢᠬᠤ ᠪᠡᠯᠡᠭ ᠢ᠋ ᠡᠷᠭᠦᠭᠦᠯᠦᠨ᠂ ᠲᠠᠢᠽᠦ ᠲᠡᠭᠦᠨ ᠦ᠌ ᠦᠯᠦ ᠤᠷᠪᠠᠬᠤ ᠶ᠋ᠢ ᠪᠠᠲᠤᠯᠠᠨ ᠡᠢᠨ ᠵᠠᠬᠢᠷᠤᠨ : 《ᠬᠡᠷᠪᠡ ᠬᠣᠢᠴᠢ ᠡᠳᠦᠷ ᠦᠭᠡ ᠡᠴᠡ ᠨᠢᠴᠤᠪᠠᠰᠤ ᠵᠣᠪᠠᠯᠠᠩ ᠪᠣᠯᠬᠤᠢ ᠳ᠋ᠤᠷ ᠪᠢᠲᠡᠭᠡᠢ ᠭᠡᠮᠰᠢ᠂ ᠨᠠᠮᠠᠶ᠋ᠢ ᠭᠡᠳᠡᠷᠭᠦ ᠦᠭᠡ ᠳ᠋ᠦ᠍ᠷ ᠢ᠋ᠶ᠋ᠡᠨ ᠬᠦᠷᠬᠦ ᠦᠭᠡᠢ ᠭᠡᠮᠡᠨ ᠬᠡᠯᠪᠡᠷᠢᠨ ᠪᠦᠦ ᠥᠭᠦᠯᠡ ! 》 ᠭᠡᠮᠡᠨ ᠪᠠᠷᠢᠭ᠍ᠰᠠᠨ ᠡᠯ᠎ᠡ ᠵᠦᠢᠯ ᠢ᠋ ᠴᠥᠮ ᠲᠣᠭᠲᠠᠭᠠᠨ ᠠᠪᠴᠤ ᠱᠠᠩ ᠬᠤᠷᠢᠮ ᠥᠭᠴᠦ ᠤᠯᠤᠰ ᠲᠤᠷ ᠠᠨᠤ ᠡᠭᠡᠭᠦᠯᠦᠭᠡᠳ ᠥᠪᠡᠷ ᠦ᠋ᠨ ᠴᠡᠷᠢᠭ ᠢ᠋ ᠮᠥᠨ ᠠᠪᠴᠤ ᠮᠠᠢᠯᠵᠢ ᠶ᠋ᠢᠨ ᠪᠠᠷᠢᠭ᠍ᠰᠠᠨ ᠪᠡᠯᠡᠭ ᠦ᠋ᠨ ᠲᠡᠷᠢᠭᠦᠨ ᠰᠢᠯᠪᠤᠯᠦᠷ ᠨᠡᠷᠡᠲᠦ ᠥᠬᠢᠨ ᠢ᠋ ᠢᠨᠦ ᠳᠠᠭᠠᠭᠤᠯᠵᠤ ᠥᠭᠭᠦᠭᠰᠡᠨ ᠠᠷᠪᠠᠨ ᠥᠬᠢᠳ ᠯᠦ᠍ᠭᠡ ᠥᠪᠡᠷ᠎ᠡ ᠪᠠᠭᠤᠳᠠᠯᠯᠠᠭᠤᠯᠤᠨ ᠤᠯᠤᠰ ᠲᠤᠷ ᠬᠦᠷᠦᠮᠡᠭᠴᠡ ᠮᠠᠢᠯᠵᠢ ᠶ᠋ᠢᠨ ᠡᠷᠭᠦᠭᠰᠡᠨ ᠠᠯᠲᠠ᠂ ᠮᠥᠩᠭᠥ ᠡᠷᠳᠡᠨᠢ ᠰᠤᠪᠤᠳ᠂ ᠠᠳᠤᠭᠤ ᠮᠠᠯ ᠢ᠋ ᠮᠤᠬᠤᠯᠢ ᠳ᠋ᠤᠷ ᠲᠤᠰᠢᠶᠠᠨ ᠣᠯᠠᠨ ᠵᠠᠩᠵᠤᠨ ᠴᠡᠷᠢᠭ ᠲᠦ᠍ᠷ ᠬᠤᠪᠢᠶᠠᠨ ᠥᠭᠭᠦᠭᠦᠯᠵᠦ᠂ ᠰᠢᠯᠪᠦᠯᠦᠷ ᠥᠬᠢᠨ ᠢ᠋ ᠢᠨᠦ ᠳᠠᠭᠤᠳᠠᠵᠤ ᠦᠵᠡᠪᠡᠰᠦ ᠦᠨᠡᠬᠡᠷ ᠡᠭᠦᠯᠡᠨ ᠡᠴᠡ ᠪᠠᠭᠤᠵᠤ ᠢᠷᠡᠭᠰᠡᠨ ᠷᠠᠬᠢᠨᠢ ᠮᠡᠲᠦ᠂ ᠦᠨᠡᠯᠡᠰᠢ ᠦᠭᠡᠢ ᠠᠷᠢᠭᠤᠨ ᠴᠠᠭᠠᠨ ᠬᠠᠰ ᠠᠳᠠᠯᠢ᠂ ᠦᠷᠭᠦ ᠨᠡᠷᠡᠲᠦ ᠰᠣᠯᠤᠩᠭᠤᠸ᠎ᠠ ᠠ᠋ᠴᠠ ᠳᠣᠣᠷ᠎ᠠ ᠦᠭᠡᠢ ᠪᠥᠭᠡᠳ ᠥᠭᠦᠯᠡᠵᠦ ᠥᠴᠢᠬᠦ ᠥᠲᠡᠯ᠎ᠡ ᠬᠥᠮᠦᠨ ᠦ᠌ ᠪᠠᠢᠳᠠᠯ ᠦᠭᠡᠢ ᠳ᠋ᠦ᠍ᠷ ᠲᠠᠢᠽᠦ ᠳᠣᠲᠣᠷ᠎ᠠ ᠪᠠᠨ ᠡᠭᠦᠨ ᠢ᠋ ᠮᠢᠨᠦ ᠳᠡᠭᠦᠦ ᠳ᠋ᠦ᠍ᠷ ᠥᠭᠴᠦ ᠪᠣᠯᠤᠮᠠᠷ ᠭᠡᠮᠡᠨ ᠪᠣᠳᠣᠭᠠᠳ ᠤᠬᠠᠭᠠᠨ ᠢ᠋ ᠠᠨᠤ ᠲᠡᠩᠰᠡᠰᠦᠭᠡᠢ ᠭᠡᠮᠡᠨ ᠡᠢᠨ ᠠᠰᠠᠭᠤᠷᠤᠨ : 《ᠴᠢᠨᠦ ᠡᠴᠢᠭᠡ ᠴᠢᠮᠠᠶ᠋ᠢ ᠨᠠᠳᠠ ᠳ᠋ᠤᠷ ᠬᠦᠷᠭᠡᠨ ᠠᠴᠢᠷᠠᠭᠰᠠᠨ ᠠᠨᠤ ᠴᠢᠨᠦ ᠨᠢᠭᠡᠨ ᠪᠡᠶ᠎ᠡ ᠪᠡᠷ ᠮᠢᠨᠦ ᠬᠠᠢᠷ᠎ᠠ ᠶ᠋ᠢ ᠣᠯᠣᠭᠤᠯᠵᠤ᠂ ᠴᠢᠨᠦ ᠨᠢᠭᠡᠨ ᠬᠥᠮᠦᠨ ᠦ᠌ ᠬᠠᠢᠷᠠᠯᠠᠭᠳᠠᠬᠤ ᠶ᠋ᠢᠨ ᠨᠡᠷ᠎ᠡ ᠪᠡᠷ ᠨᠢᠭᠡᠨ ᠠᠢᠮᠠᠭ ᠤᠯᠤᠰ ᠠᠮᠤᠷ ᠪᠣᠯᠰᠤᠭᠠᠢ ᠬᠡᠮᠡᠭᠰᠡᠨ ᠢᠨᠦ ᠪᠤᠶᠤ᠂ ᠲᠡᠷᠡ ᠢᠨᠦ ᠨᠢᠭᠡᠨᠲᠡ ᠴᠢᠮᠠᠶ᠋ᠢ ᠰᠤᠯᠠ ᠲᠠᠲᠠᠪᠤᠷᠢ ᠪᠣᠯᠭᠠᠨ ᠬᠠᠵᠠᠭᠤ ᠶ᠋ᠢᠨ ᠬᠠᠢᠷ᠎ᠠ ᠶ᠋ᠢ ᠡᠷᠢᠵᠦᠬᠦᠢ᠂ ᠴᠢᠨᠦ ᠪᠡᠶ᠎ᠡ ᠪᠡᠷ ᠬᠠᠵᠠᠭᠤ ᠶ᠋ᠢᠨ ᠬᠠᠢᠷ᠎ᠠ ᠶ᠋ᠢ ᠡᠷᠢᠭᠰᠡᠨ ᠢᠨᠦ ᠴᠢᠮᠠᠶ᠋ᠢ ᠨᠢᠭᠡ ᠵᠦᠢᠯ ᠦ᠋ᠨ ᠡᠳ᠋ ᠲᠠᠸᠠᠷ ᠢ᠋ᠶ᠋ᠡᠷ ᠦᠵᠡᠭᠰᠡᠨ ᠪᠤᠶᠤ᠂ ᠬᠥᠮᠦᠨ ᠦ᠌ ᠰᠤᠯᠠ ᠲᠠᠲᠠᠪᠤᠷᠢ ᠬᠡᠮᠡᠭᠴᠢ ᠡᠭᠡᠨᠡᠭᠲᠡ ᠳᠣᠣᠷᠠᠲᠤ ᠶᠠᠪᠤᠳᠠᠯ ᠲᠤᠯᠠᠳᠠ ᠪᠢ ᠴᠢᠮᠠᠶ᠋ᠢ ᠥᠷᠥᠰᠢᠶᠡᠵᠦ ᠳᠡᠭᠦᠦ ᠳ᠋ᠦ᠍ᠷ ᠢ᠋ᠶ᠋ᠡᠨ ᠠᠪᠠᠯᠢ ᠡᠮ᠎ᠡ ᠪᠣᠯᠭᠠᠨ ᠥᠭᠰᠦᠭᠡᠢ ᠬᠡᠮᠡᠮᠦᠢ᠂ ᠰᠤᠯᠠ ᠲᠠᠲᠠᠪᠤᠷᠢ ᠪᠣᠯᠤᠨ ᠳᠣᠣᠷᠠᠲᠤ ᠬᠠᠵᠠᠭᠤ ᠶ᠋ᠢᠨ ᠠᠮᠠᠷᠠᠭ ᠤ᠋ᠨ ᠰᠢᠯᠲᠠᠭᠠᠨ ᠢ᠋ᠶ᠋ᠠᠷ ᠨᠢᠭᠡᠨ ᠤᠯᠤᠰ ᠢ᠋ ᠠᠮᠤᠭᠤᠯᠬᠤ ᠠ᠋ᠴᠠ ᠡᠮ᠎ᠡ ᠭᠡᠷᠭᠡᠢ ᠪᠣᠯᠤᠨ ᠡᠷᠬᠢᠮ ᠲᠥᠪ ᠶᠠᠪᠤᠳᠠᠯ ᠤ᠋ᠨ ᠵᠢᠷᠤᠮ ᠢ᠋ᠶ᠋ᠠᠷ ᠨᠡᠢᠲᠡ ᠤᠯᠤᠰ ᠢ᠋ᠶ᠋ᠠᠨ ᠠᠪᠤᠷᠠᠬᠤ᠂ ᠡᠨᠡ ᠬᠣᠶᠠᠷ ᠤ᠋ᠨ ᠠᠯᠢᠨ ᠠᠨᠤ ᠳᠡᠭᠡᠷ᠎ᠡ ᠶ᠋ᠢ ᠴᠢ ᠥᠪᠡᠷ ᠢ᠋ᠶ᠋ᠡᠨ ᠲᠣᠭᠲᠠᠭᠠᠨ ᠪᠣᠳᠣᠵᠤ ᠦᠵᠡ ! 》ᠬᠡᠮᠡᠭᠰᠡᠨ ᠳ᠋ᠦ᠍ᠷ ᠰᠢᠯᠪᠦᠯᠦᠷ ᠥᠬᠢᠨ ᠰᠥᠭᠥᠳᠴᠦ ᠮᠡᠳᠡᠭᠦᠯᠦᠷᠦᠨ : 《ᠥᠴᠦᠬᠡᠨ ᠥᠬᠢᠨ ᠪᠢ ᠤᠯᠤᠰ ᠣᠯᠠᠨ ᠤ᠋ ᠲᠤᠯᠠ ᠦᠬᠦᠬᠦᠢ ᠶ᠋ᠢ ᠬᠦᠯᠢᠶᠡᠨ ᠭᠠᠷᠴᠤ ᠢᠷᠡᠭᠰᠡᠨ ᠲᠤᠯᠠ ᠤᠯᠤᠰ ᠣᠯᠠᠨ ᠨᠢᠭᠡᠨᠲᠡ ᠠᠮᠤᠷ ᠪᠣᠯᠪᠠᠰᠤ ᠥᠴᠦᠬᠡᠨ ᠮᠢᠨᠦ ᠦᠢᠯᠡ ᠨᠢᠭᠡᠨᠲᠡ ᠪᠦᠲᠦᠭᠰᠡᠨ ᠪᠣᠯᠠᠢ᠂ ᠡᠭᠦᠨ ᠳ᠋ᠦ᠍ᠷ ᠬᠡᠳᠦᠢ ᠦᠬᠦᠪᠡᠴᠦ ᠭᠣᠮᠣᠳᠠᠯ ᠦᠭᠡᠢ ᠪᠥᠭᠡᠲᠡᠯ᠎ᠡ ᠡᠳᠦᠭᠡ ᠡᠵᠡᠨ ᠡᠨᠡ ᠮᠡᠲᠦ ᠲᠥᠪ ᠬᠦᠨᠳᠦ ᠪᠡᠷ ᠥᠷᠥᠰᠢᠶᠡᠬᠦᠢ ᠳ᠋ᠦ᠍ᠷ ᠥᠴᠦᠬᠡᠨ ᠥᠬᠢᠨ ᠪᠢ ᠦᠬᠦᠪᠡᠴᠦ ᠥᠷᠥᠰᠢᠶᠡᠯ ᠦ᠋ᠨ ᠬᠡᠰᠢᠭ ᠢ᠋ ᠰᠢᠲᠦᠬᠦ ᠠᠲᠠᠯ᠎ᠠ ᠥᠪᠡᠷ᠎ᠡ ᠶᠠᠭᠤᠨ ᠮᠡᠳᠡᠭᠦᠯᠬᠦ ᠦᠭᠡ ᠪᠣᠢ ! ᠡᠵᠡᠨ ᠦᠨᠡᠬᠡᠷ ᠲᠡᠭᠷᠢ ᠶ᠋ᠢᠨ ᠬᠥᠪᠡᠭᠦᠨ ᠠᠵᠢ ! 》 ᠭᠡᠮᠡᠨ ᠬᠡᠰᠢᠭ ᠲᠣᠷ ᠮᠥᠷᠭᠥᠭᠰᠡᠨ ᠳ᠋ᠦ᠍ᠷ ᠲᠠᠢᠽᠦ ᠲᠡᠭᠦᠨ ᠦ᠌ ᠮᠡᠷᠭᠡᠨ ᠤᠬᠠᠭᠠᠨᠲᠠᠢ ᠶ᠋ᠢ ᠠᠨᠤ ᠮᠡᠳᠡᠵᠦ᠂ ᠳᠣᠲᠣᠷ᠎ᠠ ᠪᠠᠨ ᠰᠡᠮᠡᠬᠡᠷ ᠪᠠᠶᠠᠷᠯᠠᠵᠤ ᠳᠠᠷᠤᠢ ᠳᠡᠭᠦᠦ ᠳ᠋ᠡᠭᠡᠨ ᠪᠦᠬᠦ ᠪᠡᠯᠭᠦᠳᠡᠢ ᠳ᠋ᠦ᠍ᠷ ᠬᠠᠲᠤᠨ ᠪᠣᠯᠭᠠᠨ ᠦᠭᠬᠦᠢ ᠳ᠋ᠦ᠍ᠷ ᠪᠡᠯᠭᠦᠳᠡᠢ ᠬᠠᠷᠠᠬᠠᠨ ᠡᠨᠡ ᠰᠢᠯᠪᠤᠯᠤᠷ ᠢ᠋ ᠦᠵᠡᠭᠰᠡᠨ ᠡᠴᠡ ᠰᠢᠯᠦᠰᠦ ᠵᠠᠯᠭᠢᠵᠤ ᠪᠠᠢᠭᠰᠠᠨ ᠲᠤᠯᠠ ᠡᠳᠦᠭᠡ ᠭᠡᠨᠡᠳᠲᠡ ᠬᠠᠷᠢᠨ ᠲᠡᠭᠦᠨ ᠳ᠋ᠦ᠍ᠷ ᠬᠠᠲᠤᠨ ᠪᠣᠯᠭᠠᠨ ᠦᠭᠬᠦᠢ ᠳ᠋ᠦ᠍ᠷ ᠠᠬ᠎ᠠ ᠶᠤᠭᠠᠨ ᠲᠠᠢᠽᠦ ᠶ᠋ᠢ ᠦᠨᠡᠬᠡᠷ ᠲᠡᠭᠷᠢ ᠡᠴᠡ ᠲᠥᠷᠥᠵᠦ ᠳᠠᠯᠠᠢ ᠶ᠋ᠢᠨ ᠳᠣᠲᠣᠷᠠᠬᠢ ᠪᠦᠭᠦᠳᠡ ᠶ᠋ᠢ ᠡᠵᠡᠯᠡᠬᠦ ᠶᠡᠬᠡ ᠰᠠᠨᠠᠭᠠᠨ ᠬᠣᠯᠠ ᠥᠷᠥᠰᠢᠶᠡᠯᠲᠦ ᠶ᠋ᠢ ᠳᠣᠲᠣᠷ᠎ᠠ ᠪᠠᠨ ᠪᠢᠰᠢᠷᠡᠵᠦ ᠭᠠᠢᠬᠠᠬᠤ ᠶ᠋ᠢ ᠴᠦ᠍ ᠪᠠᠢᠲᠤᠭᠠᠢ᠂ ᠲᠥᠷᠥ ᠶ᠋ᠢᠨ ᠬᠣᠲᠠᠯᠠᠭᠠᠷ ᠴᠥᠮ ᠭᠠᠢᠬᠠᠯᠳᠤᠪᠠᠢ᠃
ᠲᠡᠳᠦᠢ ᠪᠡᠯᠭᠦᠳᠡᠢ ᠡᠷᠳᠡᠨᠢ ᠣᠯᠤᠭᠰᠠᠨ ᠮᠡᠲᠦ ᠪᠠᠶᠠᠷᠯᠠᠵᠤ ᠪᠠᠬᠠᠳᠤᠨ᠂ ᠰᠢᠯ ᠬᠠᠲᠤᠨ ᠴᠤ᠌ ᠡᠷᠬᠢᠮ ᠬᠠᠲᠤᠨ ᠪᠣᠯᠤᠭᠰᠠᠨ ᠲᠤᠯᠠ ᠪᠦᠷᠲᠡᠭᠡᠯᠵᠢᠨ ᠬᠠᠲᠤᠨ ᠯᠤᠭ᠎ᠠ ᠠᠪᠢᠰᠤᠨ ᠡᠵᠡᠨ ᠪᠣᠯᠤᠭᠰᠠᠨ ᠳ᠋ᠤᠷ ᠬᠠᠨᠤᠯ ᠮᠥᠨ ᠭᠦᠢᠴᠡᠪᠡᠢ᠃ ᠨᠡᠩᠳᠡ ᠪᠦᠷᠲᠡᠭᠡᠯᠵᠢᠨ ᠬᠠᠲᠤᠨ ᠪᠠᠰᠠ ᠲᠡᠭᠦᠨ ᠦ᠌ ᠤᠬᠠᠭᠠᠨ ᠰᠠᠨᠠᠭᠠᠨ ᠤ᠋ ᠮᠡᠷᠭᠡᠨ ᠬᠤᠷᠴᠠ ᠳ᠋ᠤᠷ ᠬᠠᠢᠷᠠᠯᠠᠨ ᠥᠷᠥᠰᠢᠶᠡᠵᠦ ᠬᠡᠲᠦᠷᠬᠡᠶ᠎ᠡ ᠠᠰᠠᠷᠠᠨ ᠡᠨᠡᠷᠢᠬᠦᠢ ᠳ᠋ᠦ᠍ᠷ ᠰᠢᠯ ᠬᠠᠲᠤᠨ ᠴᠤ᠌ ᠪᠦᠷᠳᠡᠭᠡᠯᠵᠢᠨ ᠬᠠᠲᠤᠨ ᠢ᠋ ᠡᠬᠡ ᠮᠡᠲᠦ ᠬᠦᠨᠳᠦᠯᠡᠵᠦ ᠬᠢᠴᠢᠶᠡᠩᠭᠦᠢᠯᠡᠮᠦᠢ᠃ ᠲᠡᠭᠦᠨᠴᠡ ᠮᠠᠢᠯᠵᠢ ᠠᠢᠮᠠᠭ ᠠᠮᠤᠷ ᠰᠤᠯᠠ ᠪᠦᠬᠦᠢ ᠳ᠋ᠦ᠍ᠷ ᠲᠠᠷᠢᠰᠣᠨᠤᠰᠤᠭ᠍ᠴᠢ ᠬᠠᠷᠠᠬᠠᠨ ᠣᠯᠠᠨ ᠢ᠋ ᠨᠠᠮᠬᠠᠷᠠᠭᠤᠯᠤᠨ ᠪᠥᠬᠥᠶ᠎ᠡ᠂ ᠲᠣᠳᠣ ᠶ᠋ᠢᠨ ᠳᠡᠭᠦᠦ ᠢᠯᠡ ᠳᠣᠲᠣᠷ᠎ᠠ ᠪᠠᠨ ᠲᠠᠷᠢᠰᠣᠨᠤᠰᠤᠭ᠍ᠴᠢ ᠶ᠋ᠢ ᠰᠡᠵᠢᠭᠯᠡᠵᠦ ᠰᠡᠮᠡᠬᠡᠷ ᠨᠠᠢ᠍ᠮᠠᠨ ᠤᠯᠤᠰ ᠲᠤᠷ ᠡᠴᠢᠵᠦ ᠥᠪᠡᠷ ᠦ᠋ᠨ ᠤᠯᠤᠰ ᠤ᠋ᠨ ᠪᠧᠲ᠋ᠠ᠋ ᠤᠯᠤᠰ ᠲᠤᠷ ᠳᠠᠭᠠᠭᠰᠠᠨ ᠤᠴᠢᠷ ᠢ᠋ ᠬᠡᠯᠡᠵᠦ᠂ ᠬᠡᠷᠪᠡ ᠬᠡᠳᠦᠨ ᠵᠠᠭᠤᠨ ᠴᠡᠷᠢᠭ ᠣᠯᠪᠠᠰᠤ᠂ ᠤᠯᠤᠰ ᠤ᠋ᠨ ᠬᠥᠮᠦᠨ ᠢ᠋ ᠠᠶᠤᠯᠭᠠᠵᠤ ᠥᠪᠡᠷ ᠦ᠋ᠨ ᠡᠷᠬᠡ ᠪᠡᠷ ᠪᠣᠯᠭᠠᠨ ᠪᠧᠲ᠋ᠠ᠋ ᠤᠯᠤᠰ ᠠ᠋ᠴᠠ ᠤᠷᠪᠠᠵᠤ ᠴᠢᠳᠠᠪᠠᠰᠤ ᠲᠠᠨ ᠤ᠋ ᠨᠠᠢ᠍ᠮᠠᠨ ᠳ᠋ᠤᠷ ᠣᠷᠣᠵᠤ ᠥᠭᠰᠦᠭᠡᠢ ᠭᠡᠮᠡᠨ ᠠᠬ᠎ᠠ ᠳᠡᠭᠦᠦ ᠬᠣᠶᠠᠭᠤᠯᠠ ᠨᠠᠢ᠍ᠮᠠᠨ ᠤᠯᠤᠰ ᠠ᠋ᠴᠠ ᠬᠣᠶᠠᠷ ᠮᠢᠩᠭᠠᠨ ᠴᠡᠷᠢᠭ ᠵᠢᠭᠡᠯᠡᠨ ᠢᠷᠡᠵᠦ᠂ ᠥᠪᠡᠷ ᠦ᠋ᠨ ᠤᠯᠤᠰ ᠤ᠋ᠨ ᠲᠠᠢᠽᠦ ᠳ᠋ᠦ᠍ᠷ ᠳᠠᠭᠠᠭᠰᠠᠨ ᠠᠷᠠᠳ ᠢ᠋ ᠬᠤᠷᠢᠶᠠᠮᠵᠢᠯᠠᠵᠤ ᠴᠡᠷᠢᠭ ᠡᠯᠰᠡᠬᠦᠢ ᠳ᠋ᠦ᠍ᠷ ᠲᠠᠷᠢᠰᠣᠨᠣᠰᠤᠭ᠍ᠴᠢ ᠭᠠᠰᠢᠭᠤᠨ᠎ᠠ ᠢᠳᠬᠠᠨ ᠥᠭᠦᠯᠡᠷᠦᠨ : 《ᠡᠵᠡᠨ ᠴᠢ ᠵᠢᠯ ᠪᠦᠷᠢ ᠪᠠᠭ᠎ᠠ ᠰᠠᠭ᠎ᠠ ᠠᠯᠪᠠ ᠪᠠᠷᠢᠵᠤ ᠠᠮᠤᠷᠬᠠᠨ ᠰᠠᠭᠤᠪᠠᠰᠤ ᠪᠠᠷᠠᠬᠤ ᠪᠣᠯᠠᠢ᠂ ᠡᠳᠦᠭᠡ ᠪᠠᠰᠠ ᠵᠣᠪᠠᠯᠠᠩ ᠳᠡᠭᠳᠡᠭᠡᠬᠦ ᠢᠨᠦ ᠶᠠᠭᠤᠨ ? 》ᠬᠡᠮᠡᠭᠰᠡᠨ ᠳ᠋ᠦ᠍ᠷ ᠲᠣᠳᠣ ᠥᠭᠦᠯᠡᠷᠦᠨ 《ᠴᠢ ᠬᠠᠷᠢᠨ ᠨᠠᠮᠠᠶ᠋ᠢ ᠠᠶᠤᠯᠭᠠᠨ ᠪᠧᠲ᠋ᠠ᠋ ᠶ᠋ᠢᠨ ᠡᠵᠡᠨ ᠯᠦ᠍ᠭᠡ ᠤᠷᠤᠭ ᠪᠠᠷᠢᠭᠠᠳ ᠵᠥᠭᠡᠯᠡᠨ ᠢ᠋ᠶ᠋ᠡᠷ ᠮᠢᠨᠦ ᠤᠯᠤᠰ ᠢ᠋ ᠡᠵᠡᠯᠡᠭᠰᠡᠨ ᠪᠣᠯᠠᠢ !》ᠬᠡᠮᠡᠬᠦᠢ ᠳ᠋ᠦ᠍ᠷ ᠲᠠᠷᠢᠰᠣᠨᠣᠰᠤᠭ᠍ᠴᠢ ᠢᠨᠢᠶᠡᠨ ᠥᠭᠦᠯᠡᠷᠦᠨ :《ᠲᠡᠢᠮᠦ ᠪᠥᠭᠡᠰᠦ ᠲᠡᠷᠡ ᠣᠯᠠᠨ ᠢ᠋ᠶ᠋ᠠᠷ ᠨᠡᠢᠯᠡᠵᠦ ᠡᠵᠡᠨ ᠢ᠋ ᠠᠯᠠᠬᠤᠶ᠎ᠠ ᠵᠠᠪᠳᠤᠬᠤ ᠦᠶ᠎ᠡ ᠳ᠋ᠦ᠍ᠷ ᠳᠠᠷᠤᠢ ᠲᠡᠳᠡᠨ ᠯᠦ᠍ᠭᠡ ᠬᠣᠷᠰᠢᠵᠤ ᠠᠯᠠᠭᠰᠠᠨ ᠬᠣᠢᠨ᠎ᠠ ᠥᠬᠢᠨ ᠢ᠋ᠶ᠋ᠡᠨ ᠪᠧᠲ᠋ᠠ᠋ ᠤᠯᠤᠰ ᠲᠤᠷ ᠬᠦᠷᠭᠡᠵᠦ ᠡᠨᠡ ᠤᠯᠤᠰ ᠢ᠋ ᠴᠢᠨᠦ ᠡᠵᠡᠯᠡᠭᠰᠡᠨ ᠪᠥᠭᠡᠰᠦ ᠡᠭᠦᠨ ᠡᠴᠡ ᠳᠡᠭᠡᠷ᠎ᠡ ᠦᠭᠡᠢ ᠦᠦ ? ᠡᠵᠡᠨ ᠪᠠᠰᠠ ᠡᠨᠡ ᠡᠳᠦᠷ ᠨᠠᠮᠠᠢ ᠡᠨᠡ ᠮᠡᠲᠦ ᠰᠡᠵᠢᠭᠯᠡᠬᠦ ᠢᠨᠦ ᠥᠴᠦᠬᠡᠨ ᠴᠦ᠍ ᠤᠴᠢᠷ ᠯᠤᠭ᠎ᠠ ᠦᠯᠦ ᠬᠣᠣᠰᠯᠠᠮᠤᠢ᠃ 》ᠬᠡᠮᠡᠬᠦᠢ ᠳ᠋ᠦ᠍ᠷ ᠲᠣᠳᠣ ᠢᠯᠡ ᠠᠬ᠎ᠠ ᠳᠡᠭᠦᠦ ᠬᠣᠶᠠᠭᠤᠯᠠ ᠲᠡᠷᠡ ᠦᠭᠡ ᠶ᠋ᠢ ᠰᠣᠨᠣᠰᠬᠤᠯ᠎ᠠ ᠦᠨᠡᠬᠡᠷ ᠵᠦᠢ ᠲᠤᠯᠠ ᠬᠡᠯᠡᠬᠦ ᠦᠭᠡ ᠦᠭᠡᠢ᠂ ᠭᠠᠭᠴᠠ ᠬᠥᠮᠦᠨ ᠦ᠌ ᠪᠣᠭᠣᠯ ᠪᠣᠯᠬᠤ ᠦᠭᠡᠢ ᠭᠡᠮᠡᠨ ᠴᠡᠷᠢᠭ ᠰᠢᠯᠭᠠᠬᠤᠢ ᠳ᠋ᠤᠷ ᠮᠠᠢᠯᠵᠢ ᠶ᠋ᠢᠨ ᠰᠠᠬᠢᠭᠤᠷ ᠡᠳᠡᠭᠡᠷ ᠤᠴᠢᠷ ᠢ᠋ ᠬᠡᠳᠦᠢᠨᠡᠢ ᠡᠴᠢᠵᠦ ᠪᠧᠲ᠋ᠠ᠋ ᠤᠯᠤᠰ ᠤ᠋ᠨ ᠵᠢᠨᠦᠩ ᠮᠤᠬᠤᠯᠢ ᠳ᠋ᠤᠷ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠡᠳᠡᠭᠡᠷ ᠤᠴᠢᠷ ᠢ᠋ ᠰᠣᠨᠣᠰᠴᠤ ᠲᠠᠷᠢᠰᠣᠨᠣᠰᠤᠭ᠍ᠴᠢ ᠶ᠋ᠢᠨ ᠪᠤᠷᠤᠭᠤ ᠦᠭᠡᠢ ᠶ᠋ᠢ ᠮᠡᠳᠡᠭᠡᠳ ᠲᠠᠢᠽᠦ ᠳ᠋ᠦ᠍ᠷ ᠨᠠᠷᠢᠪᠴᠢᠯᠠᠨ ᠮᠡᠳᠡᠭᠦᠯᠵᠦ᠂ ᠵᠡᠪᠡ᠂ ᠫᠤᠯᠭᠤᠳᠠᠢ ᠬᠣᠶᠠᠭᠤᠯᠠ ᠳ᠋ᠤᠷ ᠭᠤᠷᠪᠠᠨ ᠲᠦᠮᠡᠨ ᠴᠡᠷᠢᠭ ᠥᠭᠴᠦ ᠮᠠᠢᠯᠵᠢ ᠶ᠋ᠢ ᠳᠠᠢᠯᠠᠬᠤ ᠤᠬᠠᠭᠠᠨ ᠢ᠋ ᠰᠤᠷᠭᠠᠨ ᠠᠷᠭ᠎ᠠ ᠶ᠋ᠢ ᠵᠢᠭᠠᠵᠤ ᠶᠠᠪᠤᠭᠤᠯᠤᠭᠰᠠᠨ ᠳ᠋ᠤᠷ ᠵᠡᠪᠡ ᠫᠤᠯᠭᠤᠳᠠᠢ ᠬᠣᠶᠠᠭᠤᠯᠠ ᠶᠡᠬᠡᠯ᠎ᠡ ᠪᠠᠶᠠᠷᠯᠠᠨ ᠴᠡᠷᠢᠭ ᠢ᠋ ᠬᠣᠶᠠᠷ ᠠᠩᠭᠢ ᠬᠤᠪᠢᠶᠠᠵᠤ᠂ ᠫᠤᠯᠭᠤᠳᠠᠢ ᠤᠷᠢᠳᠠ ᠡᠴᠢᠵᠦ ᠰᠢᠭᠤᠳ ᠮᠠᠢᠯᠵᠢ ᠠᠢᠮᠠᠭ ᠤ᠋ᠨ ᠬᠣᠢᠲᠤ ᠠ᠋ᠴᠠ ᠣᠷᠣᠭᠰᠠᠨ ᠳ᠋ᠤᠷ ᠲᠣᠳᠣ ᠥᠪᠡᠷ ᠦ᠋ᠨ ᠬᠣᠶᠠᠷ ᠲᠦᠮᠡᠨ ᠴᠡᠷᠢᠭ ᠢ᠋ ᠠᠪᠴᠤ ᠬᠠᠷᠠᠬᠠᠨ ᠫᠤᠯᠭᠤᠳᠠᠢ ᠶ᠋ᠢᠨ ᠴᠡᠷᠢᠭ ᠦ᠋ᠳ ᠯᠦ᠍ᠭᠡ ᠡᠰᠡᠷᠭᠦᠯᠡᠨ ᠵᠢᠭ᠍ᠰᠠᠭᠠᠵᠤ ᠪᠠᠢᠯᠳᠤᠰᠤᠭᠠᠢ ᠭᠡᠮᠡᠨ ᠪᠢᠴᠢᠭ ᠢᠯᠡᠬᠡᠨ ᠬᠡᠳᠦᠨ ᠡᠳᠦᠷ ᠬᠠᠷᠢᠶᠠᠪᠠᠴᠤ ᠫᠤᠯᠭᠤᠳᠠᠢ ᠴᠢᠩᠳᠠ ᠰᠠᠬᠢᠵᠤ ᠭᠠᠷᠬᠤ ᠦᠭᠡᠢ ᠳ᠋ᠦ᠍ᠷ ᠮᠠᠢᠯᠵᠢ ᠶ᠋ᠢᠨ ᠴᠡᠷᠢᠭ ᠨᠢᠭᠡᠨᠲᠡ ᠰᠡᠳᠬᠢᠯ ᠰᠤᠯᠠᠷᠠᠵᠤ᠂ ᠵᠢᠴᠢ ᠪᠠᠰᠠ ᠡᠴᠢᠵᠦ ᠵᠠᠭᠤᠨ ᠵᠦᠢᠯ ᠢ᠋ᠶ᠋ᠡᠷ ᠬᠠᠷᠢᠶᠠᠬᠤᠢ ᠳ᠋ᠤᠷ ᠴᠥᠮ ᠮᠣᠷᠢᠨ ᠠ᠋ᠴᠠ ᠪᠠᠭᠤᠵᠤ ᠳᠡᠪᠡᠯ ᠢ᠋ᠶ᠋ᠡᠨ ᠲᠠᠢᠯᠵᠤ ᠭᠠᠵᠠᠷ ᠬᠡᠪᠲᠡᠵᠦ ᠬᠠᠷᠢᠶᠠᠬᠤᠢ ᠳ᠋ᠤᠷ ᠭᠡᠨᠡᠳᠲᠡ ᠠᠷᠤ ᠶ᠋ᠢᠨ ᠬᠣᠢᠨ᠎ᠠ ᠶᠡᠬᠡ ᠦᠬᠡᠷ ᠫᠤᠤ ᠶ᠋ᠢᠨ ᠳᠠᠭᠤᠨ ᠭᠠᠷᠴᠤ ᠪᠤᠭᠤᠲᠤ ᠠᠭᠤᠯᠠ ᠶ᠋ᠢᠨ ᠵᠡᠪᠡ ᠡᠴᠡ ᠨᠢᠭᠡᠨ ᠠᠩᠭᠢ ᠴᠡᠷᠢᠭ ᠠᠯᠠᠨ ᠢᠷᠡᠬᠦᠢ ᠳ᠋ᠦ᠍ᠷ ᠮᠠᠢᠯᠵᠢ ᠶ᠋ᠢᠨ ᠴᠡᠷᠢᠭ ᠶᠡᠬᠡᠯ᠎ᠡ ᠰᠣᠴᠢᠵᠤ᠂ ᠶᠠᠭᠠᠷᠠᠨ ᠬᠤᠶᠠᠭ ᠳᠤᠭᠤᠯᠠᠭ᠎ᠠ ᠳᠡᠪᠡᠯ ᠬᠤᠪᠴᠠᠰᠤ ᠶ᠋ᠢ ᠡᠮᠦᠰᠦᠨ ᠵᠠᠪᠳᠤᠬᠤ ᠶ᠋ᠢᠨ ᠤᠷᠢᠳ᠂ ᠫᠤᠯᠭᠤᠳᠠᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠪᠠᠰᠠ ᠦᠬᠡᠷ ᠫᠤᠤ ᠶ᠋ᠢᠨ ᠳᠠᠭᠤᠨ ᠭᠠᠵᠠᠷ ᠳᠡᠯᠪᠡᠷᠡᠲᠡᠯ᠎ᠡ ᠳᠠᠭᠤᠷᠢᠰᠴᠤ ᠳᠥᠷᠪᠡᠨ ᠬᠠᠭᠠᠯᠭ᠎ᠠ ᠶ᠋ᠢ ᠬᠠᠮᠲᠤ ᠪᠠᠷ ᠨᠡᠭᠡᠭᠡᠵᠦ᠂ ᠫᠤᠯᠭᠤᠳᠠᠢ ᠲᠡᠷᠢᠭᠦᠯᠡᠵᠦ ᠶᠡᠬᠡ ᠴᠡᠷᠢᠭ ᠢ᠋ᠶ᠋ᠡᠷ ᠮᠠᠢᠯᠵᠢ ᠶ᠋ᠢᠨ ᠬᠦᠷᠢᠶ᠎ᠡ ᠳ᠋ᠦ᠍ᠷ ᠣᠷᠣᠵᠤ ᠢᠷᠡᠭᠰᠡᠨ ᠳ᠋ᠦ᠍ᠷ ᠮᠠᠢᠯᠵᠢ ᠶ᠋ᠢᠨ ᠴᠡᠷᠢᠭ ᠤᠭ ᠠ᠋ᠴᠠ ᠪᠧᠲ᠋ᠠ᠋ ᠶ᠋ᠢᠨ ᠴᠡᠷᠢᠭ ᠡᠴᠡ ᠠᠶᠤᠵᠤ ᠪᠠᠢᠭᠰᠠᠨ ᠤ᠋ ᠳᠡᠭᠡᠷ᠎ᠡ ᠡᠳᠦᠭᠡ ᠰᠠᠨᠠᠭᠠᠨ ᠳ᠋ᠤ᠌ ᠦᠭᠡᠢ ᠬᠣᠶᠠᠷ ᠡᠲᠡᠭᠡᠳ ᠡᠴᠡ ᠪᠠᠢᠯᠳᠤᠨ ᠣᠷᠣᠭᠰᠠᠨ ᠳ᠋ᠤᠷ ᠶᠡᠬᠡᠯ᠎ᠡ ᠠᠶᠤᠯᠳᠤᠵᠤ ᠰᠠᠨᠳᠤᠷᠬᠤᠶᠠ᠂ ᠬᠣᠢᠲᠤ ᠵᠠᠮ ᠤ᠋ᠨ ᠴᠡᠷᠢᠭ ᠪᠠᠰᠠ ᠬᠡᠳᠦᠢᠨᠡᠢ ᠴᠠᠪᠴᠢᠨ ᠬᠦᠷᠴᠦ ᠢᠷᠡᠭᠡᠳ ᠮᠠᠢᠯᠵᠢ ᠶ᠋ᠢᠨ ᠴᠡᠷᠢᠭ ᠢ᠋ ᠬᠣᠶᠠᠷ ᠠᠩᠭᠢ ᠲᠠᠰᠤᠯᠤᠨ ᠬᠠᠭᠠᠵᠤ ᠪᠠᠢᠯᠳᠤᠬᠤᠢ ᠳ᠋ᠤᠷ ᠬᠤᠷᠴᠠ ᠬᠢᠲᠤᠭ᠎ᠠ ᠪᠠᠷ ᠨᠣᠭᠣᠭ᠎ᠠ ᠬᠡᠷᠴᠢᠬᠦ ᠮᠡᠲᠦ ᠨᠢᠭᠡᠬᠡᠨ ᠤᠳᠠᠭ᠎ᠠ ᠳ᠋ᠤᠷ ᠲᠣᠳᠣ ᠶ᠋ᠢᠨ ᠵᠡᠭᠦᠨ ᠮᠥᠷᠥ ᠵᠡᠪᠡ ᠳ᠋ᠦ᠍ᠷ ᠵᠢᠳᠠᠯᠠᠭᠳᠠᠵᠤ ᠪᠤᠷᠤᠭᠤᠯᠠᠪᠠ᠃ ᠲᠣᠳᠣ ᠶ᠋ᠢᠨ ᠳᠡᠭᠦᠦ ᠢᠯᠡ ᠪᠣᠯᠭᠣᠲᠠᠢ ᠳ᠋ᠤᠷ ᠠᠯᠠᠭᠳᠠᠵᠤ᠂ ᠨᠠᠷᠠᠨ ᠤᠨᠠᠲᠠᠯ᠎ᠠ ᠮᠠᠢᠯᠵᠢ ᠶ᠋ᠢᠨ ᠴᠡᠷᠢᠭ ᠢ᠋ ᠴᠥᠮ ᠳᠠᠭᠠᠭᠤᠯᠤᠭᠠᠳ ᠪᠠᠰᠠ ᠴᠡᠷᠢᠭ ᠰᠠᠯᠭᠠᠵᠤ ᠲᠣᠳᠣ ᠶ᠋ᠢ ᠨᠡᠬᠡᠵᠦ ᠡᠷᠢᠭᠡᠳ ᠡᠰᠡ ᠣᠯᠪᠠᠢ᠃
ᠲᠡᠳᠦᠢ ᠮᠠᠢᠯᠵᠢ ᠠᠢᠮᠠᠭ ᠢ᠋ ᠲᠦᠪᠰᠢᠳᠬᠡᠵᠦ᠂ ᠲᠠᠷᠢᠰᠣᠨᠤᠰᠤᠭ᠍ᠴᠢ ᠪᠠ ᠲᠣᠳᠣ ᠶ᠋ᠢᠨ ᠳᠡᠭᠦᠦ ᠶ᠋ᠢᠨ ᠲᠣᠯᠣᠭᠠᠢ ᠯᠤᠭ᠎ᠠ ᠪᠧᠲ᠋ᠠ᠋ ᠤᠯᠤᠰ ᠲᠤᠷ ᠬᠦᠷᠭᠡᠬᠦ ᠪᠡᠷ ᠠᠪᠴᠤ ᠶᠡᠬᠡ ᠴᠡᠷᠢᠭ ᠠᠯᠭᠤᠷ ᠡᠭᠡᠬᠦᠶ᠎ᠡ᠂ ᠫᠣᠯᠭᠣᠲᠠᠢ ᠲᠠᠪᠤᠨ ᠮᠢᠩᠭᠠᠨ ᠴᠡᠷᠢᠭ ᠠᠪᠴᠤ ᠮᠠᠢᠯᠵᠢ ᠠᠢᠮᠠᠭ ᠢ᠋ ᠰᠠᠬᠢᠪᠠ᠃ ᠲᠡᠳᠦᠢ ᠵᠡᠪᠡ ᠤᠯᠤᠰ ᠲᠤᠷ ᠢ᠋ᠶ᠋ᠠᠨ ᠬᠦᠷᠴᠦ ᠴᠡᠷᠢᠭ ᠳᠡᠢᠯᠦᠭᠰᠡᠨ ᠤᠴᠢᠷ ᠢ᠋ ᠪᠦᠷᠢᠳᠬᠡᠨ ᠮᠡᠳᠡᠭᠦᠯᠵᠦ ᠢᠯᠡ ᠶ᠋ᠢᠨ ᠲᠣᠯᠣᠭᠠᠢ ᠪᠠ ᠲᠠᠷᠢᠰᠣᠨᠣᠰᠤᠭ᠍ᠴᠢ ᠶ᠋ᠢ ᠲᠤᠰᠢᠶᠠᠭᠰᠠᠨ ᠳ᠋ᠤᠷ ᠲᠠᠢᠽᠦ᠂ ᠫᠤᠯᠭᠤᠳᠠᠢ᠂ ᠵᠡᠪᠡ ᠬᠣᠶᠠᠭᠤᠯᠠ ᠳ᠋ᠤᠷ ᠮᠠᠢᠯᠵᠢ ᠠᠢᠮᠠᠭ ᠤ᠋ᠨ ᠠᠷᠪᠠᠨ ᠬᠤᠪᠢ ᠠ᠋ᠴᠠ ᠬᠣᠶᠠᠷ ᠬᠤᠪᠢ ᠶ᠋ᠢ ᠰᠠᠯᠭᠠᠵᠤ ᠥᠭᠭᠦᠨ ᠲᠠᠷᠢᠰᠣᠨᠣᠰᠤᠭ᠍ᠴᠢ ᠶ᠋ᠢ ᠳᠠᠭᠤᠳᠠᠵᠤ ᠤᠴᠢᠷ ᠢ᠋ ᠠᠰᠠᠭᠤᠪᠠᠰᠤ᠂ ᠤᠷᠢᠳᠤ ᠤᠳᠠᠭ᠎ᠠ ᠴᠡᠷᠢᠭ ᠦ᠋ᠨ ᠮᠡᠳᠡᠭᠦᠯᠦᠭᠰᠡᠨ ᠲᠡᠢ ᠨᠢᠭᠡᠨ ᠠᠳᠠᠯᠢ ᠲᠤᠯᠠ ᠲᠠᠷᠢᠰᠣᠨᠤᠰᠤᠭ᠍ᠴᠢ ᠯᠤᠭ᠎ᠠ ᠶᠠᠯ᠎ᠠ ᠬᠡᠯᠡᠯᠴᠡᠭᠰᠡᠨ ᠦᠭᠡᠢ᠃ ᠳᠠᠷᠤᠢ ᠪᠡᠯᠭᠦᠳᠡᠢ ᠶ᠋ᠢ ᠢᠯᠡᠭᠡᠵᠦ ᠮᠠᠢᠯᠵᠢ ᠠᠢᠮᠠᠭ ᠲᠤᠷ ᠰᠠᠭᠤᠯᠭᠠᠨ᠂ ᠮᠠᠢᠯᠵᠢ ᠠᠢᠮᠠᠭ ᠤ᠋ᠨ ᠣᠯᠠᠨ ᠢ᠋ ᠡᠰᠡ ᠬᠥᠳᠡᠯᠭᠡᠪᠡᠢ᠃ ᠡᠨᠡ ᠢᠨᠦ ᠤᠷᠤᠭ ᠪᠣᠯᠤᠭᠰᠠᠨ ᠤ᠋ ᠠᠴᠢ ᠪᠥᠭᠡᠳ ᠰᠢᠯ ᠬᠠᠲᠤᠨ ᠤ᠋ ᠭᠠᠪᠢᠶ᠎ᠠ ᠪᠣᠯᠠᠢ᠃ ᠡᠭᠦᠨᠴᠡ ᠮᠠᠢᠯᠵᠢ ᠠᠢᠮᠠᠭ ᠲᠣᠭᠲᠠᠨᠢᠪᠠ ᠃ ᠲᠣᠳᠣ᠂ ᠮᠥᠨ ᠬᠦ᠌ ᠭᠠᠭᠴᠠ ᠮᠣᠷᠢ ᠪᠠᠷ ᠪᠤᠯᠤᠤ ᠸᠠᠩ ᠤ᠋ᠨ ᠲᠡᠨᠳᠡ ᠳᠤᠲᠠᠭᠠᠨ ᠡᠴᠢᠵᠦ ᠤᠬᠢᠯᠠᠨ ᠰᠥᠭᠥᠳᠴᠦ ᠤᠴᠢᠷ ᠢ᠋ᠶ᠋ᠠᠨ ᠮᠡᠳᠡᠭᠦᠯᠵᠦ ᠲᠡᠭᠦᠨ ᠦ᠌ ᠪᠣᠭᠣᠯ ᠪᠣᠯᠤᠨ ᠮᠥᠷᠭᠥᠨ ᠳᠠᠭᠠᠪᠠ᠃
ᠡᠭᠦᠨᠴᠡ ᠵᠢᠯ ᠥᠩᠭᠡᠷᠡᠵᠦ ᠬᠥᠬᠡᠭᠴᠢᠨ ᠦᠬᠡᠷ ᠵᠢᠯ ᠦ᠋ᠨ ᠵᠤᠨ ᠳ᠋ᠤᠷ ᠨᠠᠢ᠍ᠮᠠᠨ ᠤ᠋ ᠠᠯᠲᠠᠨᠱᠠᠭ᠎ᠠ ᠬᠡᠳᠦᠨ ᠰᠠᠷ᠎ᠠ ᠶ᠋ᠢᠨ ᠬᠦᠨᠳᠦ ᠤᠳᠠᠭᠠᠨ ᠬᠢᠵᠢᠭ ᠡᠪᠡᠳᠴᠢᠨ ᠳ᠋ᠦ᠍ᠷ ᠬᠦᠷᠲᠡᠵᠦ᠂ ᠬᠡᠳᠦᠨ ᠤᠳᠠᠭ᠎ᠠ ᠦᠬᠦᠬᠦᠢ ᠳ᠋ᠦ᠍ᠷ ᠬᠦᠷᠬᠦᠢ ᠳ᠋ᠦ᠍ᠷ ᠪᠤᠯᠤᠤ ᠸᠠᠩ ᠡᠨᠡ ᠴᠢᠯᠦᠭᠡᠨ᠎ᠡ ᠳᠠᠷᠤᠢ ᠬᠣᠣᠷ᠎ᠠ ᠪᠠᠷ ᠦᠬᠦᠭᠦᠯᠵᠦ᠂ ᠲᠡᠭᠦᠨ ᠦ᠌ ᠬᠠᠭᠠᠨ ᠤ᠋ ᠨᠡᠷ᠎ᠡ ᠶ᠋ᠢ ᠢᠨᠦ ᠪᠤᠯᠢᠶᠠᠰᠤᠭᠠᠢ ᠭᠡᠮᠡᠨ ᠬᠡᠳᠦᠨ ᠤᠳᠠᠭ᠎ᠠ ᠬᠣᠣᠷ᠎ᠠ ᠥᠭᠬᠦᠢ ᠳ᠋ᠦ᠍ᠷ ᠮᠥᠨ ᠢᠳᠡᠷ ᠳᠣᠪᠣ ᠶ᠋ᠢᠨ ᠬᠥᠪᠡᠭᠦᠨ ᠦᠨᠡᠨ ᠴᠢᠭᠳᠦ ᠶ᠋ᠢᠨ ᠬᠠᠷᠠᠭᠠᠯᠵᠠᠨ ᠰᠤᠪᠢᠯᠠᠬᠤᠢ ᠳ᠋ᠤᠷ ᠠᠮᠢ ᠭᠠᠷᠴᠤ ᠠᠷᠠᠢ ᠬᠥᠳᠡᠯᠵᠦ ᠪᠣᠯᠣᠮᠠᠭᠴᠠ ᠦᠨᠡᠨ ᠴᠢᠭᠳᠦ ᠡᠵᠡᠨ ᠢ᠋ᠶ᠋ᠡᠨ ᠠᠪᠴᠤ ᠥᠪᠡᠷ ᠦ᠋ᠨ ᠤᠯᠤᠰ ᠤ᠋ᠨ ᠵᠠᠬ᠎ᠠ ᠳ᠋ᠤᠷ ᠭᠦᠨ ᠠᠭᠤᠯᠠᠨ᠎ᠠ ᠨᠢᠭᠤᠵᠤ ᠪᠠᠭᠤᠭᠠᠳ ᠥᠪᠡᠷ ᠦ᠋ᠨ ᠤᠷᠤᠭ ᠰᠠᠳᠤᠨ ᠠ᠋ᠴᠠ ᠢᠳᠡᠰᠢ ᠡᠷᠢᠵᠦ ᠠᠷᠪᠠᠭᠠᠳ ᠬᠥᠮᠦᠨ ᠢ᠋ ᠲᠡᠵᠢᠭᠡᠵᠦ ᠡᠵᠡᠨ ᠢ᠋ᠶ᠋ᠠᠨ ᠰᠤᠪᠢᠯᠠᠬᠤᠢ ᠳ᠋ᠤᠷ ᠨᠠᠢ᠍ᠮᠠᠨ ᠤ᠋ ᠴᠡᠷᠢᠭ ᠡᠴᠡ ᠴᠢᠦᠢ ᠴᠦ᠍ ᠯᠢᠦᠢ ᠶ᠋ᠢᠨ ᠲᠠᠢᠶᠠᠩ ᠬᠠᠭᠠᠨ ᠢ᠋ ᠠᠯᠠᠭᠰᠠᠨ ᠪᠠ ᠪᠧᠲ᠋ᠠ᠋ ᠶ᠋ᠢᠨ ᠡᠵᠡᠨ ᠦ᠌ ᠬᠡᠷᠬᠢᠵᠦ ᠬᠦᠨᠳᠦ ᠪᠡᠷ ᠲᠠᠯᠪᠢᠭ᠍ᠰᠠᠨ ᠢ᠋ ᠴᠥᠮ ᠰᠣᠨᠣᠰᠴᠤ ᠠᠷᠠᠢ ᠡᠪᠡᠳᠴᠢᠨ ᠬᠥᠩᠭᠡᠷᠡᠵᠦ᠂ ᠠᠯᠲᠠᠨᠱᠠᠭ᠎ᠠ ᠰᠡᠭᠡᠭᠡ ᠣᠷᠣᠵᠤ ᠭᠡᠨᠡᠳᠲᠡ ᠭᠦᠨ ᠠᠭᠤᠯᠠᠨ ᠤ᠋ ᠳᠣᠲᠣᠷ᠎ᠠ ᠬᠡᠪᠲᠡᠬᠦ ᠲᠤᠯᠠ ᠶᠡᠬᠡᠯ᠎ᠡ ᠭᠠᠢᠬᠠᠵᠤ ᠡᠰᠡᠬᠦᠯ᠎ᠡ ᠮᠢᠨᠦ ᠪᠡᠶ᠎ᠡ ᠦᠬᠦᠭᠡᠳ ᠠᠭᠤᠯᠠᠨ ᠳ᠋ᠤᠷ ᠲᠠᠯᠪᠢᠭ᠍ᠰᠠᠨ ᠪᠣᠯᠪᠠᠤ ᠭᠡᠮᠡᠨ ᠦᠨᠡᠨ ᠴᠢᠭᠳᠦ ᠡᠴᠡ ᠤᠴᠢᠷ ᠢ᠋ ᠠᠰᠠᠭᠤᠬᠤᠢ ᠳ᠋ᠤᠷ ᠦᠨᠡᠨ ᠴᠢᠭᠲᠦ ᠲᠡᠳᠡᠭᠡᠷ ᠤᠴᠢᠷ ᠢ᠋ ᠬᠡᠯᠡᠪᠡᠰᠦ ᠡᠵᠡᠨ ᠢ᠋ᠶ᠋ᠡᠨ ᠴᠢᠬᠤᠯᠳᠠᠨ ᠡᠪᠡᠳᠴᠢᠨ ᠢᠨᠦ ᠦᠭᠳᠡᠷᠡᠭᠦᠵᠡᠢ ᠭᠡᠮᠡᠨ ᠣᠭᠲᠣ ᠬᠡᠯᠡᠭᠰᠡᠨ ᠦᠭᠡᠢ᠃ ᠪᠥᠬᠡ ᠪᠡᠷ ᠦᠵᠡᠭᠦᠯᠬᠦᠯᠡ ᠡᠵᠡᠨ ᠢ᠋ ᠡᠨᠡ ᠵᠦᠭ ᠭᠦᠨ ᠠᠭᠤᠯᠠᠨ ᠳ᠋ᠤᠷ ᠰᠤᠪᠢᠯᠠᠪᠠᠰᠤ ᠡᠪᠡᠳᠴᠢᠨ ᠲᠦᠷᠭᠡᠨ ᠰᠠᠢᠨ ᠪᠣᠯᠤᠮᠤᠢ᠂ ᠮᠠᠯ ᠠᠳᠤᠭᠤᠨ ᠤ᠋ ᠴᠢᠮᠡᠭᠡ᠂ ᠬᠥᠮᠦᠨ ᠠᠮᠢᠲᠠᠨ ᠤ᠋ ᠦᠢᠮᠡᠭᠡᠨ᠂ ᠨᠣᠬᠠᠢ ᠬᠤᠴᠠᠬᠤ ᠳᠠᠭᠤᠨ ᠢ᠋ ᠴᠡᠭᠡᠷᠯᠡᠭᠦᠯᠪᠡ ᠭᠡᠮᠡᠨ ᠮᠡᠬᠡᠯᠡᠨ ᠥᠩᠭᠡᠷᠡᠭᠡᠪᠡ᠃ ᠡᠵᠡᠨ ᠢᠨᠦ ᠮᠠᠰᠢ ᠲᠡᠩᠬᠡᠷᠡᠵᠦ ᠪᠡᠶ᠎ᠡ ᠰᠠᠢᠵᠢᠷᠠᠨ ᠡᠨᠡ ᠠᠭᠤᠯᠠᠨ ᠤ᠋ ᠳᠣᠲᠣᠷ᠎ᠠ ᠠᠯᠢᠪᠠ ᠶᠠᠭᠤᠮ᠎ᠠ ᠮᠠᠰᠢ ᠪᠡᠯᠡᠨ ᠦᠭᠡᠢ ᠳ᠋ᠦ᠍ᠷ ᠪᠠᠰᠠ ᠨᠡᠭᠦᠵᠦ ᠠᠪᠠᠭ᠎ᠠ ᠶᠤᠭᠠᠨ ᠳᠡᠷᠭᠡᠳᠡ ᠪᠤᠯᠤᠤ ᠸᠠᠩ ᠤ᠋ᠨ ᠲᠡᠨᠳᠡ ᠡᠴᠢᠰᠦᠭᠡᠢ ᠬᠡᠮᠡᠬᠦᠢ ᠳ᠋ᠦ᠍ᠷ ᠦᠨᠡᠨ ᠴᠢᠭᠳᠦ ᠡᠨᠡ ᠬᠡᠷᠡᠭ ᠢ᠋ ᠬᠡᠯᠡᠪᠡᠰᠦ ᠲᠥᠷᠥᠭᠰᠡᠨ ᠵᠠᠭᠤᠷ᠎ᠠ ᠪᠠᠨ ᠲᠡᠮᠡᠴᠡᠯ ᠪᠣᠯᠭᠤᠵᠠᠢ ᠭᠡᠮᠡᠨ ᠪᠠᠰᠠ ᠮᠡᠬᠡᠯᠡᠵᠦ ᠥᠭᠦᠯᠡᠷᠦᠨ : 《 ᠪᠥᠬᠡ ᠶ᠋ᠢᠨ ᠬᠡᠯᠡᠭᠰᠡᠨ ᠡᠳᠦᠷ ᠢᠨᠦ ᠭᠦᠢᠴᠡᠭᠡᠳᠦᠢ ! 》 ᠭᠡᠮᠡᠨ ᠪᠠᠰᠠ ᠠᠷᠪᠠᠭᠠᠳ ᠡᠳᠦᠷ ᠰᠠᠭᠠᠲᠠᠭᠤᠯᠵᠤ᠂ ᠠᠯᠲᠠᠨᠱᠠᠭ᠎ᠠ ᠮᠠᠰᠢ ᠪᠠᠴᠢᠮᠳᠠᠵᠤ ᠨᠢᠭᠡᠨ ᠡᠳᠦᠷ ᠦᠨᠡᠨ ᠴᠢᠭᠳᠦ ᠶ᠋ᠢᠨ ᠠᠢᠯ ᠠ᠋ᠴᠠ ᠢᠳᠡᠰᠢ ᠡᠷᠢᠷ᠎ᠡ ᠡᠴᠢᠬᠦ ᠴᠢᠯᠥᠭᠡᠨ ᠳ᠋ᠦ᠍ᠷ ᠰᠢᠳᠠᠷ ᠳᠠᠭᠠᠭᠰᠠᠨ ᠪᠠᠭ᠎ᠠ ᠬᠥᠪᠡᠭᠦᠨ ᠰᠢᠳᠤᠷᠭᠤ ᠠ᠋ᠴᠠ ᠨᠠᠮᠠᠶ᠋ᠢ ᠶᠠᠭᠠᠬᠢᠨ ᠡᠨᠳᠡ ᠠᠴᠢᠷᠠᠵᠤ ᠬᠡᠷᠬᠢᠵᠦ ᠡᠢᠮᠦ ᠭᠦᠨ ᠠᠭᠤᠯᠠᠨ᠎ᠠ ᠨᠢᠭᠤᠵᠤ᠂ ᠪᠠᠰᠠ ᠮᠢᠨᠦ ᠠᠪᠠᠭ᠎ᠠ ᠪᠤᠯᠤᠤ ᠸᠠᠩ ᠤ᠋ᠨ ᠬᠥᠪᠡᠭᠦᠨ ᠮᠢᠨᠦ ᠠᠬ᠎ᠠ ᠴᠢᠦᠢ ᠴᠦ᠍ ᠯᠢᠦᠢ ᠨᠠᠮᠠᠶ᠋ᠢ ᠡᠷᠢᠵᠦ ᠦᠵᠡᠬᠦ ᠦᠭᠡᠢ ᠪᠡᠷ ᠦᠯᠦ ᠪᠠᠷᠠᠨ᠂ ᠠᠳᠠᠭ ᠲᠠᠭᠠᠨ ᠬᠥᠮᠦᠨ ᠵᠠᠷᠤᠵᠤ ᠦᠵᠡᠭᠦᠯᠬᠦ ᠦᠭᠡᠢ ᠢᠨᠦ ᠶᠠᠭᠤᠨ ᠠᠵᠢ ? ᠡᠭᠦᠨ ᠦ᠌ ᠳᠣᠲᠣᠷ᠎ᠠ ᠯᠠᠪ ᠨᠢᠭᠡᠨ ᠤᠴᠢᠷ ᠪᠣᠢ ! ᠭᠡᠮᠡᠨ ᠠᠰᠠᠭᠤᠬᠤᠢ ᠳ᠋ᠤᠷ ᠲᠡᠷᠡ ᠰᠢᠳᠤᠷᠭᠤ ᠬᠥᠪᠡᠭᠦᠨ ᠭᠡᠨᠡᠳᠲᠡ ᠨᠢᠳᠦᠨ ᠳ᠋ᠦ᠍ᠷ ᠨᠢᠯᠪᠤᠰᠤ ᠬᠤᠷᠠᠵᠤ ᠨᠢᠭᠤᠵᠤ ᠪᠠᠢᠲᠠᠯ᠎ᠠ ᠲᠡᠰᠬᠡᠯ ᠦᠭᠡᠢ ᠳᠠᠯᠳᠠᠯᠠᠨ ᠡᠰᠡ ᠴᠢᠳᠠᠵᠤ᠂ ᠨᠢᠳᠦᠨ ᠦ᠌ ᠨᠢᠯᠪᠤᠰᠤᠨ ᠥᠩᠬᠥᠷᠢᠨ ᠤᠨᠠᠵᠤ ᠢᠷᠡᠭᠰᠡᠨ ᠳ᠋ᠦ᠍ᠷ ᠠᠯᠲᠠᠨᠱᠠᠭ᠎ᠠ ᠨᠡᠩ ᠰᠡᠵᠢᠭᠯᠡᠵᠦ ᠨᠡᠬᠡᠮᠵᠢᠯᠡᠨ ᠠᠰᠠᠭᠤᠪᠠᠰᠤ᠂ ᠲᠡᠷᠡ ᠡᠢᠮᠦ ᠲᠡᠢᠮᠦ ᠭᠡᠮᠡᠨ ᠰᠢᠯᠲᠠᠭᠯᠠᠨ ᠬᠡᠯᠡᠬᠦ ᠦᠭᠡᠢ ᠳ᠋ᠦ᠍ᠷ ᠠᠯᠲᠠᠨᠱᠠᠭ᠎ᠠ ᠠᠭᠤᠷᠯᠠᠵᠤ ᠤᠬᠢᠯᠠᠭᠰᠠᠨ ᠤᠴᠢᠷ ᠢ᠋ ᠠᠰᠠᠭᠤᠬᠤᠢ ᠳ᠋ᠤᠷ ᠰᠢᠳᠤᠷᠭᠤ ᠬᠥᠪᠡᠭᠦᠨ ᠳᠠᠷᠤᠪᠠᠴᠤ ᠪᠣᠯᠬᠤ ᠦᠭᠡᠢ ᠪᠣᠯᠤᠭᠰᠠᠨ ᠢ᠋ ᠮᠡᠳᠡᠭᠡᠳ ᠠᠷᠭ᠎ᠠ ᠦᠭᠡᠢ ᠠᠯᠲᠠᠨᠱᠠᠭ᠎ᠠ ᠮᠠᠢᠯᠵᠢ ᠠᠢᠮᠠᠭ ᠤ᠋ᠨ ᠲᠣᠳᠣ ᠳ᠋ᠤᠷ ᠠᠭᠤᠯᠵᠠᠨ᠂ ᠡᠴᠢᠭᠡ ᠶ᠋ᠢᠨ ᠡᠨᠳᠡᠭᠳᠡᠵᠦ ᠤᠯᠤᠰ ᠠᠪᠲᠠᠭᠰᠠᠨ ᠢ᠋ ᠰᠣᠨᠣᠰᠴᠤ ᠬᠠᠷᠠᠩᠭᠤᠢᠳᠠᠨ ᠤᠨᠠᠭᠰᠠᠨ ᠠ᠋ᠴᠠ ᠡᠬᠢᠯᠡᠵᠦ ᠪᠠᠰᠠ ᠲᠡᠭᠦᠨ ᠦ᠌ ᠪᠤᠯᠤᠤ ᠸᠠᠩ ᠤ᠋ᠨ ᠲᠡᠨᠳᠡ ᠡᠴᠢᠵᠦ ᠬᠡᠪᠲᠡᠬᠦᠶᠡ ᠲᠡᠭᠦᠨ ᠦ᠌ ᠪᠡᠶ᠎ᠡ ᠮᠡᠳᠡᠭᠡ ᠦᠭᠡᠢ ᠦᠶ᠎ᠡ ᠳ᠋ᠦ᠍ᠷ ᠪᠤᠯᠤᠤ ᠸᠠᠩ ᠡᠴᠢᠭᠡ ᠬᠥᠪᠡᠭᠦᠨ ᠪᠠᠢᠨ ᠪᠠᠢᠨ ᠢᠳᠡᠰᠢ ᠤᠤᠭᠤᠰᠢ ᠪᠠ ᠡᠮ ᠲᠣᠮ ᠳ᠋ᠤᠷ ᠬᠣᠣᠷ᠎ᠠ ᠬᠣᠯᠢᠵᠤ ᠲᠡᠭᠦᠨ ᠢ᠋ ᠦᠬᠦᠭᠦᠯᠦᠨ᠂ ᠳᠠᠢᠶᠠᠩ ᠬᠠᠭᠠᠨ ᠤ᠋ ᠨᠡᠷ᠎ᠡ ᠶ᠋ᠢ ᠢᠨᠦ ᠪᠤᠯᠢᠶᠠᠰᠤᠭᠠᠢ ᠬᠡᠮᠡᠭᠰᠡᠨ ᠰᠠᠨᠠᠭᠠᠨ ᠠᠬᠤᠭᠤᠯᠤᠭᠰᠠᠨ ᠳ᠋ᠤᠷ ᠦᠨᠡᠨ ᠴᠢᠭᠳᠦ ᠠᠷᠭ᠎ᠠ ᠦᠭᠡᠢ ᠲᠡᠭᠦᠨ ᠦ᠌ ᠪᠡᠶ᠎ᠡ ᠶ᠋ᠢ ᠡᠨᠳᠡ ᠵᠠᠢᠯᠠᠭᠤᠯᠤᠨ ᠠᠴᠢᠷᠠᠭᠰᠠᠨ ᠪᠠ ᠵᠢᠴᠢ ᠪᠠᠰᠠ ᠦᠨᠡᠨ ᠴᠢᠭᠲᠦ ᠥᠪᠡᠷ ᠦ᠋ᠨ ᠣᠢᠷ᠎ᠠ ᠲᠥᠷᠥᠭᠰᠡᠨ ᠡᠴᠡ ᠪᠡᠨ ᠢᠳᠡᠰᠢ ᠡᠷᠢᠬᠦᠶᠡ ᠥᠪᠡᠷ ᠦ᠋ᠨ ᠤᠯᠤᠰ ᠲᠤᠷ ᠣᠴᠢᠭ᠍ᠰᠠᠨ᠂ ᠠᠩᠬᠠᠨ ᠤ᠋ ᠪᠠᠢᠯᠳᠤᠭᠠᠨ ᠳ᠋ᠤᠷ ᠲᠠᠢᠶᠠᠩ ᠬᠠᠭᠠᠨ ᠢ᠋ ᠴᠢᠦᠢ ᠴᠦ᠍ ᠯᠢᠦᠢ ᠴᠠᠪᠴᠢᠨ ᠠᠯᠠᠭᠰᠠᠨ ᠬᠢᠭᠡᠳ ᠪᠧᠲ᠋ᠠ᠋ ᠶ᠋ᠢᠨ ᠡᠵᠡᠨ ᠳᠡᠪᠡᠯ ᠢ᠋ᠶ᠋ᠡᠨ ᠡᠮᠦᠰᠬᠡᠨ ᠶᠠᠰᠤᠨ ᠢ᠋ ᠬᠦᠨᠳᠦ ᠪᠡᠷ ᠬᠤᠷᠢᠶᠠᠮᠵᠢᠯᠠᠨ ᠥᠪᠡᠷ ᠢ᠋ᠶ᠋ᠡᠨ ᠰᠥᠭᠥᠳᠴᠦ ᠠᠷᠢᠬᠢ ᠰᠠᠴᠤᠵᠤ ᠶᠠᠭᠤᠨ ᠬᠡᠯᠡᠭᠰᠡᠨ ᠪᠠ ᠵᠢᠴᠢ ᠡᠳᠡᠭᠡᠷ ᠬᠡᠷᠡᠭ ᠢ᠋ ᠡᠵᠡᠨ ᠳ᠋ᠦ᠍ᠷ ᠰᠣᠨᠣᠰᠬᠠᠪᠠᠰᠤ ᠡᠪᠡᠳᠴᠢᠨ ᠦᠭᠳᠡᠷᠡᠭᠦᠵᠡᠢ ᠭᠡᠮᠡᠨ ᠦᠨᠡᠨ ᠴᠢᠭᠲᠦ ᠳᠣᠣᠷᠠᠲᠤ ᠨᠥᠬᠥᠳ ᠢ᠋ᠶ᠋ᠡᠨ ᠴᠢᠩᠳᠠ ᠴᠠᠭᠠᠵᠠᠯᠠᠭᠰᠠᠨ ᠵᠡᠷᠭᠡ ᠶ᠋ᠢ ᠪᠦᠷᠢᠨ ᠬᠡᠯᠡᠭᠰᠡᠨ ᠳ᠋ᠦ᠍ᠷ ᠠᠯᠲᠠᠨᠱᠠᠭ᠎ᠠ ᠨᠢᠭᠡᠨ ᠴᠠᠭ ᠲᠤᠷ ᠳᠣᠲᠣᠷ᠎ᠠ ᠬᠢᠲᠤᠭ᠎ᠠ ᠪᠠᠷ ᠣᠭᠲᠣᠴᠢᠬᠤ ᠮᠡᠲᠦ ᠪᠣᠯᠵᠤ ᠥᠨᠳᠥᠷ ᠳᠠᠭᠤᠨ ᠢ᠋ᠶ᠋ᠠᠷ ᠤᠬᠢᠯᠠᠵᠤ᠂ ᠪᠠᠰᠠ ᠨᠡᠩᠳᠡ ᠰᠡᠵᠢᠭ ᠲᠥᠷᠥᠵᠦ ᠶᠠᠭᠤᠨᠠᠢ ᠡᠨᠡ ᠬᠢᠷᠢ ᠲᠡᠢ ᠪᠣᠯᠬᠤ ? ᠭᠡᠮᠡᠨ ᠤᠬᠢᠯᠠᠬᠤ ᠪᠠᠨ ᠵᠣᠭᠰᠣᠵᠤ ᠳᠣᠲᠣᠷ᠎ᠠ ᠪᠠᠨ ᠰᠠᠨᠠᠷᠤᠨ : ᠡᠳᠡᠭᠡᠷ ᠦᠭᠡ ᠴᠥᠮ ᠦᠨᠡᠨ ᠬᠡᠮᠡᠮᠦᠶᠦ ? ᠦᠨᠡᠨ ᠪᠤᠰᠤ ᠬᠡᠮᠡᠬᠦᠯ᠎ᠡ ᠡᠨᠡ ᠦᠨᠡᠨ ᠴᠢᠭᠲᠦ ᠶ᠋ᠢᠨ ᠨᠠᠮᠠᠶ᠋ᠢ ᠡᠨᠳᠡ ᠳᠡᠪᠰᠢᠭᠦᠯᠦᠭᠰᠡᠨ ᠢᠨᠦ ᠶᠠᠭᠤᠨ ᠪᠣᠢ ? ᠬᠡᠮᠡᠭᠡᠳ ᠲᠡᠷᠡ ᠰᠢᠳᠤᠷᠭᠤ ᠬᠥᠪᠡᠭᠦᠨ ᠡᠴᠡ ᠪᠠᠰᠠ ᠠᠰᠠᠭᠤᠷᠤᠨ :《ᠲᠡᠢᠮᠦ ᠪᠣᠯᠪᠠᠰᠤ ᠮᠢᠨᠦ ᠪᠡᠶ᠎ᠡ ᠨᠢᠭᠡᠨᠲᠡ ᠰᠠᠢᠨ ᠪᠣᠯᠤᠭᠰᠠᠨ ᠪᠥᠭᠡᠲᠡᠯ᠎ᠡ ᠪᠠᠰᠠ ᠨᠢᠭᠤᠬᠤ ᠠᠨᠤ ᠶᠠᠭᠤᠨ ? 》ᠰᠢᠳᠤᠷᠭᠤ ᠬᠥᠪᠡᠭᠦᠨ ᠥᠭᠦᠯᠡᠷᠦᠨ : 《ᠪᠢ ᠪᠠᠰᠠ ᠲᠡᠢᠨ ᠬᠡᠯᠡᠭᠰᠡᠨ ᠳ᠋ᠦ᠍ᠷ ᠦᠨᠡᠨ ᠴᠢᠭᠳᠦ ᠶ᠋ᠢᠨ ᠬᠡᠯᠡᠬᠦ ᠢᠨᠦ᠂ ᠡᠳᠦᠭᠡ ᠡᠵᠡᠨ ᠮᠢᠨᠦ ᠡᠨᠡ ᠬᠢᠷᠢ ᠲᠡᠢ ᠪᠣᠯᠤᠭᠠᠳ ᠪᠠᠰᠠ ᠲᠥᠷᠥᠭᠰᠡᠨ ᠯᠦ᠍ᠭᠡ ᠪᠡᠨ ᠬᠠᠷᠰᠢᠯᠳᠤᠪᠠᠰᠤ ᠣᠳᠣ ᠡᠵᠡᠨ ᠮᠢᠨᠦ ᠦᠬᠦᠬᠦ ᠦᠭᠡᠢ ᠦᠦ ᠭᠡᠮᠡᠨ ᠨᠢᠭᠤᠪᠠ᠃ 》 ᠬᠡᠮᠡᠭᠰᠡᠨ ᠳ᠋ᠦ᠍ᠷ ᠠᠯᠲᠠᠨᠱᠠᠭ᠎ᠠ ᠰᠠᠶᠢ ᠡᠨᠡ ᠬᠡᠷᠡᠭ ᠨᠠᠢ᠍ᠮᠠᠨ ᠶᠢᠰᠦᠨ ᠬᠤᠪᠢ ᠦᠨᠡᠨ ᠪᠣᠯᠤᠭᠰᠠᠨ ᠢ᠋ ᠮᠡᠳᠡᠵᠦ᠂ ᠬᠠᠷᠠᠬᠠᠨ ᠲᠡᠭᠷᠢ ᠶ᠋ᠢ ᠬᠠᠨᠳᠤᠨ ᠤᠷᠲᠤ ᠰᠡᠭᠦᠷᠡᠰᠦᠨ ᠠᠯᠳᠠᠵᠤ ᠬᠣᠷᠣᠰᠬᠤᠶᠠ᠂ ᠦᠵᠡᠪᠡᠰᠦ ᠭᠣᠣᠯ ᠤ᠋ᠨ ᠥᠭᠡᠳᠡ ᠬᠣᠷᠢᠭᠠᠳ ᠮᠣᠷᠢᠲᠠᠨ ᠲᠣᠭᠣᠰᠣ ᠳᠡᠭᠳᠡᠭᠦᠯᠦᠨ ᠬᠦᠷᠴᠦ ᠢᠷᠡᠭᠡᠳ ᠠᠯᠲᠠᠨᠱᠠᠭ᠎ᠠ ᠶ᠋ᠢᠨ ᠮᠠᠢᠬᠠᠨ ᠤ᠋ ᠡᠮᠦᠨ᠎ᠡ ᠢᠷᠡᠵᠦ ᠬᠣᠯᠠ ᠠ᠋ᠴᠠ ᠮᠣᠷᠢᠨ ᠠ᠋ᠴᠠ ᠪᠠᠭᠤᠮᠤᠢ᠃ ᠦᠵᠡᠪᠡᠰᠦ᠂ ᠳ᠋ᠠᠳᠠᠳᠤᠩᠭ᠎ᠠ᠂ ᠢᠳᠡᠷ ᠳᠣᠪᠣ᠂ ᠮᠢᠩᠭᠠᠲᠠᠨ᠂ ᠴᠢᠦᠢ ᠱᠢ ᠯᠢ ᠲᠠᠨ ᠤ᠋ ᠳᠥᠷᠪᠡᠭᠦᠯᠡ ᠶ᠋ᠢ ᠦᠨᠡᠨ ᠴᠢᠭᠳᠦ ᠳᠠᠭᠠᠭᠤᠯᠤᠨ ᠢᠷᠡᠵᠦᠬᠦᠢ᠃ ᠡᠭᠦᠨ ᠳ᠋ᠦ᠍ᠷ ᠠᠯᠲᠠᠨᠱᠠᠭ᠎ᠠ ᠨᠡᠪᠲᠡ ᠲᠠᠨᠢᠭᠠᠳ ᠭᠦᠶᠦᠨ ᠭᠠᠷᠴᠤ ᠢᠷᠡᠭᠰᠡᠨ᠎ᠡ᠂ ᠲᠡᠳᠡ ᠳᠥᠷᠪᠡᠭᠦᠯᠡ ᠮᠥᠨ ᠡᠪᠦᠳᠦᠭ ᠢ᠋ᠶ᠋ᠡᠷ ᠮᠥᠯᠬᠥᠨ ᠢᠷᠡᠵᠦ᠂ ᠡᠵᠡᠨ ᠦ᠌ ᠪᠡᠨ ᠡᠪᠦᠳᠦᠭ ᠢ᠋ ᠲᠡᠪᠡᠷᠢᠨ ᠳᠠᠭᠤ ᠲᠠᠯᠪᠢᠨ ᠤᠬᠢᠯᠠᠯᠴᠠᠪᠠ ᠃ ᠠᠯᠲᠠᠨᠱᠠᠭ᠎ᠠ ᠮᠥᠨ ᠣᠯᠠᠨ ᠲᠦᠰᠢᠮᠡᠳ ᠦ᠋ᠨ ᠮᠥᠷᠥ ᠶ᠋ᠢ ᠲᠦᠰᠢᠵᠦ ᠭᠠᠷ ᠢ᠋ ᠪᠠᠷᠢᠨ ᠤᠬᠢᠯᠠᠬᠤᠶ᠎ᠠ᠂ ᠠᠯᠲᠠᠨᠱᠠᠭ᠎ᠠ ᠶ᠋ᠢᠨ ᠳᠠᠭᠠᠵᠤ ᠪᠠᠢᠭᠰᠠᠨ ᠠᠷᠪᠠ ᠢᠯᠡᠭᠦᠦ ᠬᠥᠮᠦᠨ ᠪᠠᠰᠠ ᠴᠥᠮ ᠨᠥᠬᠥᠷ ᠪᠣᠯᠤᠨ ᠤᠬᠢᠯᠠᠯᠳᠤᠵᠤ᠂ ᠡᠨᠡ ᠨᠢᠭᠡᠨ ᠪᠦᠯᠦᠭ ᠭᠤᠴᠢ ᠳᠥᠴᠢᠨ ᠬᠥᠮᠦᠨ ᠨᠢᠯᠪᠤᠰᠤᠨ ᠡᠰᠡ ᠤᠨᠠᠭᠠᠭᠰᠠᠨ ᠠᠨᠤ ᠦᠭᠡᠢ᠃
ᠲᠡᠳᠦᠢ ᠪᠦᠭᠦᠳᠡᠭᠡᠷ ᠤᠬᠢᠯᠠᠨ ᠪᠠᠷᠠᠭᠰᠠᠨ ᠤ᠋ ᠬᠣᠢᠨ᠎ᠠ ᠰᠠᠶᠢ ᠬᠣᠶᠠᠷ ᠡᠲᠡᠭᠡᠳ ᠦ᠋ᠨ ᠤᠴᠢᠷ ᠢ᠋ ᠪᠦᠷᠢᠨ᠎ᠡ ᠲᠣᠭᠠᠴᠢᠵᠤ᠂ ᠪᠠᠰᠠ ᠴᠢᠦᠢ ᠱᠢ ᠯᠢ᠂ ᠢᠳᠡᠷ ᠳᠣᠪᠣ᠂ ᠮᠢᠩᠭᠠᠲᠠᠨ ᠨᠠᠷ ᠠ᠋ᠴᠠ ᠪᠤᠯᠤᠤ ᠸᠠᠩ ᠤ᠋ᠨ ᠬᠥᠪᠡᠭᠦᠨ ᠴᠢᠦᠢ ᠴᠦ᠍ ᠯᠢᠦᠢ ᠴᠡᠷᠢᠭ ᠲᠦ᠍ᠷ ᠬᠠᠭᠠᠭᠳᠠᠵᠤ ᠴᠢᠬᠤᠯᠳᠠᠬᠤ ᠳ᠋ᠠᠭᠠᠨ ᠲᠠᠢᠶᠠᠩ ᠬᠠᠭᠠᠨ ᠢ᠋ ᠠᠯᠠᠭᠠᠳ ᠴᠡᠷᠢᠭ ᠢ᠋ ᠳᠠᠭᠠᠮᠤᠢ ᠭᠡᠮᠡᠨ ᠪᠠᠢᠯᠳᠤᠬᠤ ᠶ᠋ᠢ ᠵᠣᠭᠰᠣᠵᠤ ᠤᠷᠭᠤᠨ ᠭᠠᠷᠴᠤ ᠢᠷᠡᠭᠰᠡᠨ᠂ ᠵᠢᠴᠢ ᠪᠧᠲ᠋ᠠ᠋ ᠤᠯᠤᠰ ᠤ᠋ᠨ ᠡᠵᠡᠨ ᠲᠠᠢᠶᠠᠩ ᠬᠠᠭᠠᠨ ᠢ᠋ ᠬᠡᠷᠬᠢᠨ ᠬᠠᠭᠠᠨ ᠤ᠋ ᠶᠣᠰᠣᠭᠠᠷ ᠬᠦᠨᠳᠦᠳᠬᠡᠭᠰᠡᠨ᠂ ᠪᠠᠰᠠ ᠨᠠᠢ᠍ᠮᠠᠨ ᠳ᠋ᠤᠷ ᠣᠷᠣᠵᠤ ᠢᠷᠡᠭᠡᠳ ᠭᠡᠷ ᠡᠷᠦᠬᠡ ᠶ᠋ᠢ ᠢᠨᠦ ᠣᠭᠲᠣ ᠡᠰᠡ ᠳᠠᠷᠤᠯᠠᠭᠰᠠᠨ᠂ ᠬᠡᠳᠦᠢ ᠤᠯᠤᠰ ᠲᠠᠭᠠᠨ ᠠᠪᠠᠴᠢᠭ᠍ᠰᠠᠨ ᠪᠣᠯᠪᠠᠴᠤ ᠴᠢᠩ ᠦᠨᠡᠨ ᠰᠡᠳᠬᠢᠯ ᠢ᠋ᠶ᠋ᠡᠷ ᠳᠠᠭᠠᠪᠠᠰᠤ ᠡᠭᠡᠭᠦᠯᠬᠦ ᠵᠡᠷᠭᠡ ᠦᠭᠡ ᠶ᠋ᠢ ᠬᠡᠯᠡᠭᠰᠡᠨ᠂ ᠪᠢᠳᠡᠨ ᠳ᠋ᠦ᠍ᠷ ᠰᠣᠯᠤᠩᠭᠤᠸ᠎ᠠ ᠶ᠋ᠢ ᠲᠤᠰᠢᠶᠠᠨ ᠢᠯᠡᠭᠡᠰᠦᠭᠡᠢ ᠬᠡᠮᠡᠭᠰᠡᠨ ᠬᠢᠭᠡᠳ ᠰᠣᠯᠤᠩᠭᠤᠸ᠎ᠠ ᠶ᠋ᠢᠨ ᠶᠠᠭᠤᠨ ᠥᠴᠢᠵᠦ ᠡᠰᠡ ᠢᠷᠡᠭᠰᠡᠨ᠂ ᠡᠨᠳᠡ ᠢᠷᠡᠵᠦ ᠪᠤᠯᠤᠤ ᠸᠠᠩ ᠤ᠋ᠨ ᠲᠡᠨᠳᠡ ᠡᠴᠢᠪᠡᠰᠦ ᠡᠪᠡᠳᠴᠢᠨ ᠢ᠋ᠶ᠋ᠡᠨ ᠰᠤᠪᠢᠯᠠᠬᠤᠶᠠ ᠰᠡᠵᠢᠭᠯᠡᠯᠲᠡᠢ ᠤᠴᠢᠷ ᠥᠪᠡᠷ᠎ᠡ ᠭᠠᠵᠠᠷ ᠳᠡᠪᠰᠢᠭᠰᠡᠨ ᠪᠠ ᠡᠢᠨ ᠬᠦ᠌ ᠡᠴᠢᠬᠦ ᠭᠠᠵᠠᠷ ᠦᠭᠡᠢ ᠪᠡᠷ ᠶᠠᠪᠤᠵᠤ ᠰᠠᠷ᠎ᠠ ᠰᠢᠬᠠᠮ ᠪᠣᠯᠤᠭᠰᠠᠨ ᠬᠣᠢᠨ᠎ᠠ ᠰᠠᠶᠢ ᠦᠨᠡᠨ ᠴᠢᠭᠳᠦ ᠳ᠋ᠦ᠍ᠷ ᠤᠴᠠᠷᠠᠵᠤ ᠡᠷᠢᠨ ᠢᠷᠡᠭᠰᠡᠨ ᠢ᠋ ᠨᠢᠭᠡᠨ ᠵᠡᠷᠭᠡ ᠨᠠᠷᠢᠪᠴᠢᠯᠠᠨ ᠬᠡᠯᠡᠭᠰᠡᠨ ᠳ᠋ᠦ᠍ᠷ ᠠᠯᠲᠠᠨᠱᠠᠭ᠎ᠠ ᠰᠣᠨᠣᠰᠤᠭᠰᠠᠭᠠᠷ ᠪᠠᠯᠠᠷᠠᠨ ᠮᠡᠨᠡᠷᠡᠪᠡᠢ᠃
ᠲᠡᠳᠦᠢ ᠰᠠᠶᠢ ᠬᠡᠷᠡᠭ ᠴᠥᠮ ᠦᠨᠡᠨ ᠪᠣᠯᠤᠭᠰᠠᠨ ᠢ᠋ ᠮᠡᠳᠡᠵᠦ᠂ ᠳ᠋ᠠᠳᠠᠳᠤᠩᠭ᠎ᠠ ᠶ᠋ᠢᠨ ᠵᠦᠭ ᠥᠭᠦᠯᠡᠷᠦᠨ : 《 ᠮᠢᠨᠦ ᠡᠴᠢᠭᠡ ᠶ᠋ᠢ ᠪᠧᠲ᠋ᠠ᠋ ᠤᠯᠤᠰ ᠡᠰᠡ ᠠᠯᠠᠭᠰᠠᠨ ᠪᠣᠯᠪᠠᠴᠤ ᠡᠴᠢᠭᠡ ᠶ᠋ᠢᠨ ᠦᠬᠦᠭᠰᠡᠨ ᠢᠨᠦ ᠮᠥᠨ ᠬᠦ᠌ ᠪᠧᠲ᠋ᠠ᠋ ᠤᠯᠤᠰ ᠮᠠᠨ ᠢ᠋ ᠪᠠᠢᠯᠳᠤᠬᠤ ᠶ᠋ᠢᠨ ᠤᠴᠢᠷ ᠠ᠋ᠴᠠ ᠦᠨᠳᠦᠰᠦᠯᠡᠵᠦᠬᠦᠢ᠃ ᠲᠡᠢᠨ ᠬᠦ᠌ ᠡᠳᠦᠭᠡ ᠪᠢ ᠡᠴᠢᠭᠡ ᠪᠡᠨ ᠠᠯᠠᠭᠰᠠᠨ ᠤᠯᠤᠰ ᠲᠤᠷ ᠳᠠᠭᠠᠬᠤ ᠠᠨᠤ ᠨᠢᠭᠡᠨ ᠨᠠᠰᠤᠨ ᠳ᠋ᠤᠷ ᠨᠢᠭᠡᠨ ᠲᠡᠭᠷᠢ ᠶ᠋ᠢ ᠦᠯᠦ ᠰᠢᠲᠦᠮᠦᠢ ! 》ᠬᠡᠮᠡᠬᠦᠢ ᠳ᠋ᠦ᠍ᠷ ᠢᠳᠡᠷ ᠳᠣᠪᠣ᠂ ᠳ᠋ᠠᠳᠠᠳᠤᠩᠭ᠎ᠠ ᠵᠡᠷᠭᠡ ᠪᠡᠷ ᠥᠭᠦᠯᠡᠷᠦᠨ : 《ᠮᠠᠨ ᠤ᠋ ᠤᠯᠤᠰ ᠤᠷᠢᠳᠠ ᠪᠧᠲ᠋ᠠ᠋ ᠤᠯᠤᠰ ᠲᠤᠷ ᠪᠠᠢᠯᠳᠤᠭᠠᠨ ᠤ᠋ ᠪᠢᠴᠢᠭ ᠢ᠋ ᠬᠦᠷᠭᠡᠭᠰᠡᠨ ᠡᠴᠡ ᠪᠣᠯᠤᠭᠰᠠᠨ ᠪᠣᠢ ᠶᠠ᠂ ᠪᠧᠲ᠋ᠠ᠋ ᠤᠯᠤᠰ ᠮᠠᠨ ᠢ᠋ ᠡᠷᠢᠵᠦ ᠬᠠᠯᠳᠠᠭᠰᠠᠨ ᠪᠤᠰᠤ ᠪᠢᠰᠢ ᠦᠦ ?》ᠬᠡᠮᠡᠭᠰᠡᠨ ᠳ᠋ᠦ᠍ᠷ ᠠᠯᠲᠠᠨᠱᠠᠭ᠎ᠠ ᠪᠣᠳᠣᠪᠠᠰᠤ ᠮᠠᠰᠢ ᠵᠦᠢ ᠲᠤᠯᠠ ᠥᠴᠢᠬᠦ ᠦᠭᠡ ᠦᠭᠡᠢ ᠭᠠᠭᠴᠠ ᠲᠣᠯᠣᠭᠠᠢ ᠳᠠᠷᠤᠵᠤ ᠪᠣᠳᠣᠬᠤᠢ ᠳ᠋ᠤᠷ ᠬᠣᠶᠠᠷ ᠡᠲᠡᠭᠡᠳ ᠲᠣᠷ ᠵᠠᠮ ᠦᠭᠡᠢ ᠪᠣᠯᠵᠤ ᠦᠬᠦᠬᠦᠢ ᠳ᠋ᠦ᠍ᠷ ᠬᠦᠷᠬᠦ ᠦᠭᠡᠢ ᠭᠡᠮᠡᠨ ᠥᠭᠦᠯᠡᠷᠦᠨ:《ᠡᠳᠦᠭᠡ ᠪᠢ ᠦᠬᠦᠪᠡᠰᠦ ᠰᠠᠶᠢ ᠤᠴᠢᠷ ᠲᠤᠷ ᠨᠡᠢᠴᠡᠮᠦᠢ᠃ ᠪᠧᠲ᠋ᠠ᠋ ᠤᠯᠤᠰ ᠲᠤᠷ ᠳᠠᠭᠠᠰᠤᠭᠠᠢ ᠬᠡᠮᠡᠬᠦᠯ᠎ᠡ ᠮᠢᠨᠦ ᠡᠴᠢᠭᠡ ᠪᠠ ᠤᠯᠤᠰ ᠴᠥᠮ ᠲᠡᠭᠦᠨ ᠦ᠌ ᠴᠡᠷᠢᠭ ᠲᠦ᠍ᠷ ᠮᠥᠬᠥᠪᠡ᠃ ᠲᠥᠷᠥᠭᠰᠡᠨ ᠳ᠋ᠦ᠍ᠷ ᠡᠭᠡᠰᠦᠭᠡᠢ ᠬᠡᠮᠡᠬᠦᠯ᠎ᠡ ᠪᠠᠰᠠ ᠡᠢᠮᠦ ᠨᠢᠭᠡᠨ ᠠᠳᠬᠠᠭᠲᠤ ᠭᠠᠵᠠᠷ᠎ᠠ ᠪᠣᠯᠵᠤᠬᠤᠢ᠃ ᠣᠳᠣ ᠮᠢᠨᠦ ᠡᠭᠡᠬᠦ ᠣᠷᠣᠬᠤ ᠵᠠᠮ ᠨᠢᠭᠡᠨᠲᠡ ᠦᠭᠡᠢ᠂ ᠭᠠᠭᠴᠠ ᠦᠬᠦᠪᠡᠰᠦ ᠪᠠᠷᠠᠪᠠ !》ᠭᠡᠮᠡᠨ ᠢᠯᠳᠦ ᠰᠤᠭᠤᠯᠤᠨ ᠬᠦᠵᠦᠭᠦᠦ ᠪᠡᠨ ᠣᠭᠲᠣᠯᠰᠤᠭᠠᠢ ᠬᠡᠮᠡᠲᠡᠯ᠎ᠡ ᠣᠯᠠᠨ ᠢ᠋ᠶ᠋ᠠᠷ ᠢᠯᠳᠦ ᠶ᠋ᠢ ᠪᠠᠷᠢᠵᠤ ᠳ᠋ᠠᠳᠠᠳᠤᠩᠭ᠎ᠠ ᠦᠬᠦᠵᠦ ᠦᠯᠦ ᠪᠣᠯᠬᠤ ᠭᠤᠷᠪᠠᠨ ᠵᠦᠢᠯ ᠦ᠋ᠨ ᠤᠴᠢᠷ ᠢ᠋ ᠬᠡᠯᠡᠵᠦ ᠭᠠᠷᠭᠠᠪᠠ :《ᠲᠡᠷᠢᠭᠦᠨ ᠳ᠋ᠦ᠍ᠷ ᠨᠢᠭᠡᠨᠲᠡ ᠦᠬᠦᠪᠡᠰᠦ᠂ ᠨᠠᠢ᠍ᠮᠠᠨ ᠢ᠋ ᠣᠳᠣ ᠮᠠᠨ ᠳ᠋ᠤᠷ ᠵᠠᠬᠢᠷᠤᠭᠤᠯᠬᠤ ᠦᠭᠡᠢ ᠪᠣᠯᠭᠠᠮᠤᠢ᠂ ᠲᠡᠢᠮᠦ ᠪᠣᠯᠪᠠᠰᠤ ᠬᠡᠭᠦᠷ ᠳᠣᠪᠣ ᠬᠤᠪᠠᠬᠠᠢᠷᠠᠮᠤᠢ᠃ ᠡᠨᠡ ᠳᠡᠭᠡᠳᠦᠰ ᠲᠣᠷ ᠡᠯᠪᠡᠷᠢᠯ ᠦᠭᠡᠢ ᠪᠣᠯᠬᠤ ᠡᠨᠡ ᠨᠢᠭᠡ᠃ ᠵᠢᠴᠢ ᠳ᠋ᠦ᠍ᠷ ᠪᠠᠭ᠎ᠠ ᠡᠵᠡᠨ ᠨᠢᠭᠡᠨᠲᠡ ᠦᠬᠦᠪᠡᠰᠦ ᠲᠥᠷᠥᠭᠰᠡᠨ ᠡᠬᠡ ᠶ᠋ᠢᠨ ᠦᠬᠦᠲᠡᠯ᠎ᠡ ᠵᠣᠪᠠᠭᠰᠠᠨ ᠢ᠋ ᠴᠦ᠍ ᠪᠠᠢᠲᠤᠭᠠᠢ᠂ ᠴᠢᠨᠦ ᠪᠠᠭ᠎ᠠ ᠳᠡᠭᠦᠦ ᠮᠥᠩᠭᠥᠨ ᠲᠤᠶᠠᠭ᠎ᠠ᠂ ᠬᠡᠦᠬᠡᠨ ᠳᠡᠭᠦᠦ ᠬᠠᠰ ᠲᠤᠶᠠᠭ᠎ᠠ᠂ ᠡᠭᠦᠷᠢᠳᠡ ᠪᠧᠲ᠋ᠠ᠋ ᠤᠯᠤᠰ ᠲᠤᠷ ᠪᠣᠭᠣᠯ ᠪᠣᠯᠬᠤ ᠪᠣᠯᠠᠢ ! ᠡᠨᠡ ᠢᠨᠦ ᠠᠮᠢᠳᠤ ᠳ᠋ᠤᠷ ᠢ᠋ᠶ᠋ᠠᠨ ᠠᠴᠢ ᠦᠭᠡᠢ ᠪᠡᠷ ᠦᠯᠦ ᠪᠠᠷᠠᠨ᠂ ᠪᠡᠶ᠎ᠡ ᠨᠥᠭᠴᠢᠭᠰᠡᠨ ᠡᠴᠢᠭᠡ ᠶ᠋ᠢᠨ ᠦᠰ ᠢ᠋ᠶ᠋ᠡᠨ ᠠᠪᠴᠤ ᠴᠢᠳᠠᠬᠤ ᠦᠭᠡᠢ ᠪᠣᠯᠤᠮᠤᠢ᠃ ᠬᠥᠪᠡᠭᠦᠨ ᠪᠣᠯᠤᠭᠰᠠᠨ ᠴᠢᠨᠦ ᠪᠡᠶ᠎ᠡ ᠳ᠋ᠦ᠍ᠷ ᠡᠯᠪᠡᠷᠢᠯ ᠦᠭᠡᠢ ᠪᠣᠯᠠᠢ ! ᠬᠡᠷᠪᠡ ᠳᠠᠭᠠᠪᠠᠰᠤ ᠠᠮᠢᠳᠤ ᠶᠤᠭᠠᠨ ᠠᠮᠤᠭᠤᠯᠤᠨ᠂ ᠠᠯᠳᠠᠭᠰᠠᠨ ᠢ᠋ᠶ᠋ᠠᠨ ᠡᠭᠡᠭᠦᠯᠵᠦ ᠣᠯᠬᠤ ᠡᠨᠡ ᠮᠡᠲᠦ ᠭᠤᠷᠪᠠᠨ ᠵᠦᠢᠯ ᠠᠲᠠᠯ᠎ᠠ ᠶᠠᠭᠤᠨ ᠳ᠋ᠤᠷ ᠣᠬᠣᠷ ᠦᠵᠡᠯ ᠢ᠋ᠶ᠋ᠡᠷ ᠦᠬᠦᠮᠦᠢ ? ᠴᠢᠨᠦ ᠡᠨᠡ ᠶᠡᠬᠡᠯ᠎ᠡ ᠲᠠᠰᠢᠶᠠᠷᠠᠪᠠ !》ᠭᠡᠮᠡᠨ ᠳᠠᠭᠠᠬᠤ ᠶ᠋ᠢ ᠣᠯᠠᠨ ᠢ᠋ᠶ᠋ᠠᠷ ᠮᠥᠷᠭᠥᠵᠦ ᠰᠢᠪᠲᠠᠬᠤᠢ ᠳ᠋ᠤᠷ ᠠᠯᠲᠠᠨᠱᠠᠭ᠎ᠠ ᠥᠭᠦᠯᠡᠷᠦᠨ: 《ᠬᠡᠷᠬᠢᠨ ᠬᠡᠯᠡᠪᠡᠴᠦ ᠮᠢᠨᠦ ᠥᠰᠲᠦ ᠤᠯᠤᠰ ᠪᠣᠯᠠᠢ ! 》 ᠬᠡᠮᠡᠬᠦᠢ ᠳ᠋ᠦ᠍ᠷ ᠳ᠋ᠠᠳᠠᠳᠤᠩᠭ᠎ᠠ ᠡᠷᠲᠡᠨ ᠦ᠌ ᠴᠢᠨ ᠤᠯᠤᠰ ᠤ᠋ᠨ ᠦᠶ᠎ᠡ ᠳ᠋ᠦ᠍ᠷ ᠪᠠ ᠸᠠᠩ ᠠᠪᠠᠭ᠎ᠠ ᠡᠴᠢᠭᠡ ᠪᠡᠨ ᠠᠯᠠᠭᠰᠠᠨ ᠵᠠᠩ ᠬᠠᠨ ᠢ᠋ ᠠᠯᠠᠭᠰᠠᠨ ᠦᠭᠡᠢ ᠳᠠᠭᠠᠭᠤᠯᠵᠤ᠂ ᠬᠣᠵᠢᠮ ᠴᠤ᠌ ᠤᠯᠤᠰ ᠡᠪᠳᠡᠷᠡᠨ ᠡᠪᠳᠡᠷᠡᠲᠡᠯᠡ ᠵᠠᠩ ᠬᠠᠨ ᠤᠷᠪᠠᠭᠰᠠᠨ ᠦᠭᠡᠢ᠂ ᠬᠠᠨ ᠤᠯᠤᠰ ᠯᠤᠭ᠎ᠠ ᠪᠠᠢᠯᠳᠤᠵᠤ ᠦᠬᠦᠭᠰᠡᠨ ᠢ᠋ ᠬᠡᠯᠡᠵᠦ ᠥᠭᠦᠯᠡᠷᠦᠨ : 《ᠡᠳᠦᠭᠡ ᠪᠧᠲ᠋ᠠ᠋ ᠤᠯᠤᠰ ᠲᠤᠷ ᠳᠠᠭᠠᠵᠤ᠂ ᠡᠴᠢᠭᠡ ᠶ᠋ᠢᠨ ᠠᠯᠳᠠᠭᠰᠠᠨ ᠨᠠᠢ᠍ᠮᠠᠨ ᠤ᠋ ᠬᠠᠭᠠᠰ ᠢ᠋ ᠣᠯᠪᠠᠰᠤ ᠪᠠᠰᠠ ᠳᠡᠭᠡᠳᠦᠰ ᠲᠣᠷ ᠮᠥᠨ ᠭᠠᠪᠢᠶ᠎ᠠ ᠪᠠᠢᠬᠤ ᠪᠣᠢ ᠶᠠ᠂ ᠶᠠᠭᠤᠨ ᠤ᠋ ᠶᠠᠯ᠎ᠠ ᠪᠣᠢ ? 》ᠬᠡᠮᠡᠬᠦᠢ ᠳ᠋ᠦ᠍ᠷ ᠠᠯᠲᠠᠨᠱᠠᠭ᠎ᠠ ᠰᠠᠶᠢ ᠲᠣᠯᠣᠭᠠᠢ ᠳᠣᠬᠢᠪᠠᠴᠤ ᠡᠭᠡᠨᠡᠭᠲᠡ ᠲᠤᠰ ᠥᠰᠢᠶᠡᠲᠡᠨ ᠢ᠋ ᠡᠷᠢᠨ ᠡᠴᠢᠵᠦ ᠮᠥᠷᠭᠥᠨ ᠳᠠᠭᠠᠬᠤ ᠠᠨᠤ ᠡᠴᠢᠭᠡ ᠶ᠋ᠢᠨ ᠰᠦᠷ ᠰᠠᠬᠢᠭᠤᠯᠰᠤᠨ ᠳ᠋ᠤᠷ ᠬᠡᠷᠬᠢᠨ ᠤᠴᠠᠷᠠᠬᠤ ᠭᠡᠮᠡᠨ ᠵᠣᠪᠠᠭᠣᠷᠢᠰᠢᠶᠠᠬᠤᠢ ᠳ᠋ᠤᠷ ᠳ᠋ᠠᠳᠠᠳᠤᠩᠭ᠎ᠠ ᠨᠢᠭᠡᠨ ᠠᠷᠬ᠎ᠠ ᠣᠯᠵᠤ : 《ᠡᠨᠡ ᠮᠠᠰᠢ ᠬᠢᠯᠪᠠᠷ᠂ ᠪᠧᠲ᠋ᠠ᠋ ᠤᠯᠤᠰ ᠤ᠋ᠨ ᠡᠵᠡᠨ ᠦᠨᠡᠨ ᠪᠣᠭᠳᠠ ᠬᠥᠮᠦᠨ ᠦ᠌ ᠪᠠᠢᠳᠠᠯ ᠲᠠᠢ᠂ ᠲᠡᠭᠦᠨ ᠳ᠋ᠦ᠍ᠷ ᠡᠴᠢᠵᠦ ᠡᠳᠡᠭᠡᠷ ᠤᠴᠢᠷ ᠢ᠋ ᠬᠡᠯᠡᠪᠡᠰᠦ ᠲᠡᠷᠡ ᠯᠠᠪ ᠬᠥᠮᠦᠨ ᠢᠯᠡᠭᠡᠵᠦ ᠵᠠᠯᠠᠭᠤᠯᠤᠮᠤᠢ᠂ ᠲᠡᠢᠮᠦ ᠪᠥᠭᠡᠰᠦ ᠵᠦᠢᠯ ᠪᠦᠷᠢ ᠳ᠋ᠦ᠍ᠷ ᠪᠦᠷᠢᠳᠦᠮᠦᠢ᠃ 》 ᠭᠡᠮᠡᠨ ᠠᠯᠲᠠᠨᠱᠠᠭ᠎ᠠ ᠶ᠋ᠢ ᠠᠪᠤᠨ ᠪᠠᠭᠤᠵᠤ ᠢᠷᠡᠨ᠂ ᠬᠢᠳᠠᠨ ᠤᠯᠤᠰ ᠤ᠋ᠨ ᠵᠠᠬ᠎ᠠ ᠳ᠋ᠤᠷ ᠪᠠᠭᠤᠳᠠᠯᠯᠠᠵᠤ᠂ ᠥᠪᠡᠷ ᠢ᠋ᠶ᠋ᠡᠨ ᠢᠷᠡᠵᠦ᠂ ᠲᠠᠢᠽᠦ ᠳ᠋ᠦ᠍ᠷ ᠡᠳᠡᠭᠡᠷ ᠤᠴᠢᠷ ᠢ᠋ ᠪᠦᠷᠢᠳᠬᠡᠨ ᠮᠡᠳᠡᠭᠦᠯᠵᠦ᠂ ᠲᠠᠢᠽᠦ ᠶ᠋ᠢᠨ ᠡᠮᠦᠨ᠎ᠡ ᠡᠴᠡ ᠨᠢᠭᠡᠨ ᠡᠯᠴᠢ ᠢᠯᠡᠭᠡᠵᠦ ᠰᠠᠢᠨ ᠦᠭᠡ ᠪᠡᠷ ᠲᠣᠭᠲᠠᠭᠠᠪᠠᠰᠤ ᠡᠴᠦᠰᠲᠡᠯ᠎ᠡ ᠳᠠᠭᠠᠵᠤ ᠪᠣᠯᠬᠤ ᠤᠴᠢᠷ ᠢ᠋ ᠮᠡᠳᠡᠭᠦᠯᠦᠭᠰᠡᠨ ᠳ᠋ᠦ᠍ᠷ ᠲᠠᠢᠽᠦ ᠪᠡᠶᠡᠰᠦᠨ ᠥᠴᠢᠷᠦᠨ : 《ᠡᠨᠡ ᠶᠠᠮᠪᠠᠷ ᠪᠡᠷᠬᠡ᠂ ᠪᠢ ᠬᠡᠳᠦᠢᠨᠡᠢ ᠲᠡᠷᠡ ᠬᠥᠪᠡᠭᠦᠨ ᠦ᠌ ᠤᠬᠠᠭᠠᠨ ᠰᠡᠷᠭᠦᠯᠡᠩ᠂ ᠬᠡᠷᠡᠭ ᠦ᠋ᠨ ᠵᠥᠪ ᠪᠤᠷᠤᠭᠤ ᠶ᠋ᠢ ᠮᠡᠳᠡᠳᠡᠭ ᠢ᠋ ᠲᠣᠭᠣᠮᠵᠢᠯᠠᠳᠠᠭ ᠪᠥᠯᠥᠭᠡ !》ᠭᠡᠮᠡᠨ ᠳᠠᠷᠤᠢ ᠬᠣᠶᠠᠳᠤᠭᠠᠷ ᠬᠥᠪᠡᠭᠦᠨ ᠴᠠᠭᠠᠲᠠᠢ ᠳ᠋ᠤᠷ ᠵᠠᠬᠢᠶ᠎ᠠ ᠥᠭᠭᠦᠨ :《ᠵᠠᠮ ᠳ᠋ᠤᠷ ᠳᠠᠭᠠᠷᠢᠵᠤ᠂ ᠨᠠᠢ᠍ᠮᠠᠨ ᠢ᠋ ᠰᠠᠬᠢᠬᠤ ᠠᠬ᠎ᠠ ᠵᠣᠴᠢ ᠯᠤᠭ᠎ᠠ ᠡᠴᠢᠵᠦ ᠠᠯᠲᠠᠨᠱᠠᠭ᠎ᠠ ᠶ᠋ᠢ ᠵᠠᠯᠠᠨ ᠠᠪᠴᠤ ᠢᠷ᠎ᠡ᠂ ᠶᠡᠷᠦ ᠶ᠋ᠢᠨ ᠦᠭᠡᠨ ᠳ᠋ᠦ᠍ᠷ < ᠮᠢᠩᠭᠠᠨ ᠴᠡᠷᠢᠭ ᠢ᠋ ᠤᠯᠬᠤᠢ ᠳ᠋ᠤᠷ ᠬᠢᠯᠪᠠᠷ᠂ ᠨᠢᠭᠡᠨ ᠵᠠᠩᠵᠤᠨ ᠢ᠋ ᠣᠯᠬᠤᠢ ᠳ᠋ᠤᠷ ᠪᠡᠷᠬᠡ > ᠬᠡᠮᠡᠳᠡᠭ ᠪᠢᠰᠢᠦ ? ᠡᠨᠡ ᠤᠳᠠᠭ᠎ᠠ ᠶ᠋ᠢᠨ ᠴᠡᠷᠢᠭ ᠲᠦ᠍ᠷ ᠨᠠᠢ᠍ᠮᠠᠨ ᠤᠯᠤᠰ ᠮᠥᠬᠥᠭᠰᠡᠨ ᠢᠨᠦ ᠬᠡᠳᠦᠢ ᠮᠠᠨ ᠤ᠋ ᠪᠤᠷᠤᠭᠤ ᠦᠭᠡᠢ ᠪᠣᠯᠪᠠᠴᠤ ᠬᠥᠮᠦᠨ ᠦ᠌ ᠨᠢᠭᠡᠨ ᠤᠯᠤᠰ ᠢ᠋ ᠮᠥᠬᠥᠭᠡᠵᠦ ᠪᠠᠰᠠ ᠳᠠᠭᠠᠭᠤᠯᠬᠤ ᠲᠤᠯᠠ ᠮᠠᠨ ᠤ᠋ ᠪᠤᠷᠤᠭᠤ ᠭᠡᠮᠡᠨ ᠪᠤᠷᠤᠭᠤ ᠬᠦᠯᠢᠶᠡᠨ ᠵᠠᠯ᠎ᠠ ! 》 ᠬᠡᠮᠡᠭᠰᠡᠨ ᠳ᠋ᠦ᠍ᠷ ᠴᠠᠭᠠᠲᠠᠢ ᠤᠴᠢᠷ ᠢ᠋ ᠤᠬᠠᠵᠤ ᠵᠠᠬᠢᠶ᠎ᠠ ᠬᠦᠯᠢᠶᠡᠨ ᠠᠪᠴᠤ ᠳ᠋ᠠᠲᠠᠳᠤᠩᠭ᠎ᠠ ᠶ᠋ᠢ ᠤᠷᠢᠳᠠ ᠶᠠᠪᠤᠭᠤᠯᠵᠤ᠂ ᠳᠠᠭᠠᠯᠳᠤᠭ᠎ᠠ ᠥᠪᠡᠷ ᠦ᠋ᠨ ᠲᠠᠪᠢ ᠵᠢᠷᠠᠨ ᠬᠥᠮᠦᠨ ᠢ᠋ ᠳᠠᠭᠠᠭᠤᠯᠵᠤ᠂ ᠨᠠᠢ᠍ᠮᠠᠨ ᠤ᠋ ᠤᠯᠤᠰ ᠲᠤᠷ ᠬᠦᠷᠴᠦ ᠠᠬ᠎ᠠ ᠵᠣᠴᠢ ᠳ᠋ᠤᠷ ᠡᠴᠢᠭᠡ ᠶ᠋ᠢᠨ ᠵᠠᠬᠢᠶ᠎ᠠ ᠶ᠋ᠢ ᠥᠭᠴᠦ ᠬᠠᠮᠲᠤ ᠨᠠᠢ᠍ᠮᠠᠨ ᠤ᠋ ᠵᠠᠬ᠎ᠠ ᠶ᠋ᠢᠨ ᠭᠠᠳᠠᠨ᠎ᠠ ᠠᠯᠲᠠᠨᠱᠠᠭ᠎ᠠ ᠳ᠋ᠤᠷ ᠤᠴᠠᠷᠠᠵᠤ ᠪᠤᠷᠤᠭᠤ ᠬᠦᠯᠢᠶᠡᠨ ᠬᠡᠯᠡᠭᠰᠡᠨ ᠳ᠋ᠦ᠍ᠷ ᠠᠯᠲᠠᠨᠱᠠᠭ᠎ᠠ ᠣᠭᠲᠣᠬᠠᠨ ᠴᠤ᠌ ᠠᠷᠭ᠎ᠠ ᠦᠭᠡᠢ ᠨᠢᠯᠪᠤᠰᠤ ᠤᠨᠠᠭᠠᠨ᠂ ᠬᠡᠭᠦᠷ ᠲᠣᠷ ᠢ᠋ᠶ᠋ᠠᠨ ᠦᠰᠦ ᠪᠡᠨ ᠣᠭᠲᠣᠯᠵᠤ ᠶᠠᠯᠠᠲᠤ ᠦᠷ᠎ᠡ ᠪᠣᠯᠪᠠ ᠭᠡᠮᠡᠨ ᠨᠢᠭᠡᠨ ᠵᠡᠷᠭᠡ ᠶᠡᠬᠡᠯ᠎ᠡ ᠤᠬᠢᠯᠠᠨ ᠮᠥᠷᠭᠥᠵᠦ᠂ ᠵᠣᠴᠢ᠂ ᠴᠠᠭᠠᠲᠠᠢ ᠯᠤᠭ᠎ᠠ ᠢᠷᠡᠵᠦ ᠲᠠᠢᠽᠦ ᠳ᠋ᠦ᠍ᠷ ᠳᠠᠭᠠᠷ᠎ᠠ ᠢᠷᠡᠬᠦᠢ ᠳ᠋ᠦ᠍ᠷ ᠢᠳᠡᠷ ᠳᠣᠪᠣ᠂ ᠠᠯᠲᠠᠨᠱᠠᠭ᠎ᠠ ᠳ᠋ᠤᠷ ᠮᠡᠳᠡᠭᠦᠯᠦᠷᠦᠨ :《 ᠪᠣᠭᠣᠯ ᠪᠢ ᠰᠡᠮᠡᠬᠡᠷ ᠨᠠᠢ᠍ᠮᠠᠨ ᠳ᠋ᠤᠷ ᠡᠴᠢᠵᠦ ᠡᠵᠡᠨ ᠢ᠋ ᠵᠠᠷᠤᠪᠠ ᠭᠡᠮᠡᠨ ᠪᠤᠯᠤᠤ ᠸᠠᠩ᠂ ᠴᠢᠦᠢ ᠴᠦ᠍ ᠯᠢᠦᠢ ᠳ᠋ᠦ᠍ᠷ ᠵᠣᠯᠭᠠᠵᠤ ᠰᠢᠭᠤᠳ ᠬᠠᠳᠬᠤᠨ ᠠᠯᠠᠭᠠᠳ ᠬᠠᠭᠠᠨ ᠡᠵᠡᠨ ᠦ᠌ ᠦᠰ ᠢ᠋ ᠠᠪᠰᠤᠭᠠᠢ᠂ ᠲᠡᠷᠡ ᠬᠡᠳᠦᠢ ᠨᠠᠮᠠᠶ᠋ᠢ ᠠᠯᠠᠪᠠᠴᠤ ᠪᠢ ᠨᠢᠭᠡᠨᠲᠡ ᠡᠵᠡᠨ ᠦ᠌ ᠪᠡᠨ ᠦᠰ ᠢ᠋ ᠠᠪᠴᠤ ᠴᠢᠳᠠᠭᠰᠠᠨ ᠪᠤᠶᠤ ! 》ᠠᠯᠲᠠᠨᠱᠠᠭ᠎ᠠ ᠥᠭᠦᠯᠡᠷᠦᠨ :《ᠪᠣᠯᠬᠤ ᠦᠭᠡᠢ᠂ ᠲᠡᠷᠡ ᠮᠢᠨᠦ ᠡᠴᠢᠭᠡ ᠶ᠋ᠢ ᠠᠯᠠᠭᠰᠠᠨ ᠬᠡᠷᠡᠭ ᠢᠯᠡᠷᠡᠭᠡᠳᠦᠢ᠃ ᠬᠣᠶᠠᠷ ᠲᠤᠷ ᠮᠢᠨᠦ ᠡᠴᠢᠭᠡ ᠶ᠋ᠢ ᠠᠯᠠᠭᠰᠠᠨ ᠠᠨᠤ ᠠᠬ᠎ᠠ ᠴᠢᠦᠢ ᠴᠦ᠍ ᠯᠢᠦᠢ ᠪᠣᠢ ᠶᠠ᠂ ᠠᠪᠠᠭ᠎ᠠ ᠪᠤᠰᠤ᠃ ᠭᠤᠷᠪᠠᠨ ᠳ᠋ᠤᠷ ᠪᠢ ᠡᠳᠦᠭᠡ ᠥᠰᠲᠦ ᠪᠧᠲ᠋ᠠ᠋ ᠤᠯᠤᠰ ᠲᠤᠷ ᠳᠠᠭᠠᠬᠤ ᠡᠨᠡ ᠮᠠᠭᠤ ᠨᠡᠷ᠎ᠡ ᠶ᠋ᠢ ᠪᠠᠭ᠎ᠠ ᠭᠡᠮᠡᠨ ᠪᠠᠰᠠ ᠭᠡᠮ ᠢᠯᠡᠷᠡᠭᠡᠳᠦᠢ ᠠᠪᠠᠭ᠎ᠠ᠂ ᠠᠬ᠎ᠠ ᠶ᠋ᠢ ᠠᠯᠠᠬᠤ ᠠᠨᠤ ᠨᠡᠩ ᠢᠴᠢᠭᠦᠷᠢ ᠲᠡᠢ ᠪᠥᠭᠡᠳ ᠴᠢᠨᠦ ᠪᠡᠶ᠎ᠡ ᠪᠠᠰᠠ ᠦᠬᠦᠮᠦᠢ᠃ 》ᠭᠡᠮᠡᠨ ᠬᠣᠷᠢᠭ᠍ᠯᠠᠵᠤ ᠵᠣᠭᠰᠣᠭᠠᠭᠠᠳ ᠣᠯᠠᠨ ᠯᠤᠭ᠎ᠠ ᠪᠧᠲ᠋ᠠ᠋ ᠤᠯᠤᠰ ᠤ᠋ᠨ ᠵᠦᠭ ᠡᠴᠢᠬᠦᠶ᠎ᠡ᠂ ᠬᠠᠭᠤᠴᠢᠨ ᠨᠠᠢ᠍ᠮᠠᠨ ᠤ᠋ ᠪᠤᠯᠤᠤ ᠸᠠᠩ᠂ ᠴᠢᠦᠢ ᠴᠦ᠍ ᠯᠢᠦᠢ ᠨᠠᠷ ᠡᠨᠡ ᠮᠡᠳᠡᠭᠡ ᠶ᠋ᠢ ᠰᠣᠨᠣᠰᠴᠤ ᠶᠠᠭᠠᠷᠠᠨ ᠴᠡᠷᠢᠭ ᠠᠪᠴᠤ ᠠᠯᠲᠠᠨᠱᠠᠭ᠎ᠠ ᠶ᠋ᠢ ᠠᠯᠠᠵᠤ ᠠᠷᠢᠯᠭᠠᠰᠤᠭᠠᠢ ᠭᠡᠮᠡᠨ ᠢᠷᠡᠲᠡᠯ᠎ᠡ ᠠᠯᠲᠠᠨᠱᠠᠭ᠎ᠠ ᠬᠡᠳᠦᠢᠨᠡᠢ ᠶᠠᠪᠤᠭᠰᠠᠨ ᠲᠤᠯᠠ ᠬᠣᠢᠨ᠎ᠠ ᠠ᠋ᠴᠠ ᠨᠠᠢ᠍ᠮᠠᠨ ᠤ᠋ ᠵᠠᠬ᠎ᠠ ᠣᠷᠣᠲᠠᠯ᠎ᠠ ᠨᠡᠬᠡᠬᠦᠢ ᠳ᠋ᠦ᠍ᠷ ᠵᠣᠴᠢ ᠶ᠋ᠢᠨ ᠴᠠᠭᠳᠠᠬᠤ ᠴᠡᠷᠢᠭ ᠲᠦ᠍ᠷ ᠤᠴᠠᠷᠠᠵᠤ ᠰᠠᠶᠢ ᠡᠭᠡᠪᠡ᠃
ᠲᠡᠭᠦᠨᠴᠡ ᠠᠯᠲᠠᠨᠱᠠᠭ᠎ᠠ ᠢᠷᠡᠵᠦ ᠲᠠᠢᠽᠦ ᠳ᠋ᠦ᠍ᠷ ᠳᠠᠭᠠᠪᠠ᠃ ᠡᠭᠦᠨ ᠳ᠋ᠦ᠍ᠷ ᠲᠠᠢᠽᠦ ᠮᠠᠰᠢ ᠪᠡᠶᠡᠰᠦᠨ ᠱᠠᠩ ᠥᠭᠴᠦ ᠵᠡᠭᠦᠨ ᠡᠲᠡᠭᠡᠳ ᠦ᠋ᠨ ᠮᠥᠷᠥ ᠶ᠋ᠢᠨ ᠵᠠᠩᠵᠤᠨ ᠡᠷᠭᠦᠮᠵᠢᠯᠡᠨ ᠨᠠᠢ᠍ᠮᠠᠨ ᠤᠯᠤᠰ ᠤ᠋ᠨ ᠬᠠᠭᠠᠰ ᠢ᠋ ᠵᠠᠬᠢᠷᠤᠭᠤᠯᠤᠨ᠂ ᠲᠡᠭᠦᠨ ᠦ᠌ ᠡᠬᠡ ᠪᠠ ᠳᠡᠭᠦᠦ ᠬᠢᠭᠡᠳ ᠭᠡᠷ ᠡᠷᠦᠬᠡ ᠶ᠋ᠢ ᠲᠤᠰᠢᠶᠠᠨ ᠥᠭᠴᠦ ᠪᠠᠰᠠ ᠰᠣᠯᠤᠩᠭᠤᠸ᠎ᠠ ᠶ᠋ᠢ ᠪᠠᠭᠤᠯᠭᠠᠵᠤ ᠥᠭᠰᠦᠭᠡᠢ ᠬᠡᠮᠡᠬᠦᠢ ᠳ᠋ᠦ᠍ᠷ ᠠᠯᠲᠠᠨᠱᠠᠭ᠎ᠠ ᠪᠤᠰᠤ ᠶ᠋ᠢ ᠴᠥᠮ ᠮᠥᠷᠭᠥᠨ ᠤᠬᠢᠯᠠᠵᠤ ᠬᠦᠯᠢᠶᠡᠭᠡᠳ ᠡᠮ᠎ᠡ ᠠᠪᠬᠤ ᠬᠡᠷᠡᠭ ᠲᠦ᠍ᠷ ᠮᠡᠳᠡᠭᠦᠯᠦᠷᠦᠨ : 《ᠥᠷᠥᠰᠢᠶᠡᠯᠲᠦ ᠡᠵᠡᠨ ᠮᠢᠨᠦ ᠡᠮ᠎ᠡ ᠶ᠋ᠢ ᠨᠢᠭᠡᠨᠲᠡ ᠡᠳᠦᠢ ᠬᠦᠷᠲᠡᠯ᠎ᠡ ᠲᠡᠵᠢᠭᠡᠵᠦ ᠥᠭᠭᠦᠭᠰᠡᠨ ᠲᠤᠯᠠ ᠲᠦᠰᠢᠮᠡᠯ ᠪᠢ ᠡᠴᠢᠭᠡ ᠶ᠋ᠢᠨ ᠪᠡᠯᠪᠡᠰᠦᠷᠡᠯ ᠳᠦᠭᠦᠷᠦᠭᠰᠡᠨ ᠴᠠᠭ ᠲᠤ᠌ ᠪᠠᠭᠤᠯᠭᠠᠨ ᠠᠪᠠᠴᠢᠰᠤᠭᠠᠢ᠂ ᠡᠨᠡ ᠬᠣᠭᠣᠷᠣᠨᠳᠣ ᠡᠵᠡᠨ ᠪᠠᠰᠠ ᠬᠦ᠌ ᠲᠡᠵᠢᠭᠡᠵᠦ ᠥᠭᠭᠦᠮᠦ ! 》 ᠬᠡᠮᠡᠭᠰᠡᠨ ᠳ᠋ᠦ᠍ᠷ ᠲᠠᠢᠽᠦ ᠠᠯᠲᠠᠨᠱᠠᠭ᠎ᠠ ᠶ᠋ᠢ ᠲᠠᠬᠢᠮᠳᠠᠭᠤ ᠬᠥᠪᠡᠭᠦᠨ ᠭᠡᠮᠡᠨ ᠰᠠᠢᠰᠢᠶᠠᠵᠤ ᠮᠡᠳᠡᠭᠦᠯᠦᠭᠰᠡᠨ ᠢ᠋ ᠵᠥᠪᠰᠢᠶᠡᠷᠡᠪᠡ᠃
ᠲᠡᠳᠦᠢ ᠠᠯᠲᠠᠨᠱᠠᠭ᠎ᠠ ᠡᠬᠡ ᠪᠠ ᠳᠡᠭᠦᠦ ᠪᠡᠨ ᠠᠪᠴᠤ ᠬᠠᠷᠢᠵᠤ ᠢᠷᠡᠬᠦᠶ᠎ᠡ ᠡᠴᠢᠭᠡ ᠶ᠋ᠢᠨ ᠬᠡᠭᠦᠷ ᠲᠦ᠍ᠷ ᠡᠴᠢᠵᠦ ᠮᠥᠷᠭᠥᠬᠦᠶ᠎ᠡ ᠲᠠᠢᠽᠦ ᠶ᠋ᠢᠨ ᠬᠡᠰᠢᠭ ᠢ᠋ ᠢᠭᠲᠦᠯᠦᠨ ᠰᠢᠲᠦᠪᠡ᠃ ᠵᠢᠴᠢ ᠤᠯᠤᠰ ᠲᠤᠷ ᠡᠭᠡᠵᠦ ᠭᠡᠷ ᠦ᠋ᠨ ᠰᠦᠮ᠎ᠡ ᠪᠡᠨ ᠳᠠᠬᠢᠵᠤ ᠮᠥᠷᠭᠥᠬᠦᠢ ᠳ᠋ᠦ᠍ᠷ ᠦᠵᠡᠪᠡᠰᠦ᠂ ᠭᠡᠷ ᠦ᠋ᠨ ᠰᠦᠮ᠎ᠡ ᠶ᠋ᠢᠨ ᠬᠠᠵᠠᠭᠤᠳᠠ ᠮᠥᠩᠭᠦᠯᠵᠢ ᠶ᠋ᠢᠨ ᠪᠤᠮᠪᠠ ᠶ᠋ᠢ ᠪᠦᠲᠦᠭᠡᠭᠰᠡᠨ ᠢ᠋ ᠦᠵᠡᠭᠡᠳ ᠶᠡᠬᠡᠯ᠎ᠡ ᠤᠬᠢᠯᠠᠨ ᠮᠥᠩᠭᠥᠯᠵᠢ ᠳ᠋ᠦ᠍ᠷ ᠶᠣᠰᠣᠯᠠᠨ᠂ ᠲᠠᠢᠽᠦ ᠶ᠋ᠢᠨ ᠬᠡᠰᠢᠭ ᠢ᠋ ᠳᠠᠪᠬᠤᠷ ᠰᠢᠲᠦᠪᠡ᠃ ᠲᠡᠳᠦᠢ ᠨᠠᠢ᠍ᠮᠠᠨ ᠤ᠋ ᠬᠣᠲᠠᠯᠠᠭᠠᠷ ᠠᠯᠳᠠᠭᠰᠠᠨ ᠤᠯᠤᠰ ᠢ᠋ᠶ᠋ᠠᠨ ᠳᠠᠬᠢᠨ ᠣᠯᠵᠤ᠂ ᠡᠬᠡ ᠬᠥᠪᠡᠭᠦᠨ᠂ ᠡᠵᠡᠨ ᠲᠦᠰᠢᠮᠡᠯ ᠬᠠᠮᠲᠤᠳᠠ ᠤᠴᠠᠷᠠᠵᠤ᠂ ᠨᠢᠭᠡᠨ ᠵᠡᠷᠭᠡ ᠶᠡᠬᠡᠯ᠎ᠡ ᠤᠬᠢᠯᠠᠯᠴᠠᠵᠤ᠂ ᠪᠠᠰᠠ ᠠᠪᠠᠭ᠎ᠠ ᠪᠤᠯᠤᠤ ᠸᠠᠩ ᠤ᠋ᠨ ᠨᠡᠬᠡᠭᠰᠡᠨ ᠤᠴᠢᠷ ᠢ᠋ ᠣᠯᠵᠤ ᠰᠣᠨᠣᠰᠤᠭᠠᠳ ᠪᠧᠲ᠋ᠠ᠋ ᠤᠯᠤᠰ ᠢ᠋ ᠳᠠᠭᠠᠭᠰᠠᠨ ᠠᠨᠤ ᠦᠨᠡᠬᠡᠷ ᠤᠨᠤᠭᠰᠠᠨ ᠲᠤᠯᠠ ᠡᠭᠦᠨᠴᠡ ᠲᠠᠢᠽᠦ ᠶ᠋ᠢᠨ ᠬᠡᠰᠢᠭ ᠢ᠋ ᠡᠭᠦᠷᠢ ᠰᠢᠲᠦᠵᠦ᠂ ᠵᠣᠴᠢ ᠯᠤᠭ᠎ᠠ ᠨᠠᠢ᠍ᠮᠠᠨ ᠢ᠋ ᠵᠠᠬᠢᠷᠪᠠ᠃ ᠬᠡᠳᠦᠢ ᠬᠠᠭᠠᠨ ᠪᠤᠰᠤ ᠪᠣᠯᠪᠠᠴᠤ ᠠᠮᠤᠷ ᠵᠢᠷᠭᠠᠯ ᠠᠨᠤ ᠬᠠᠭᠠᠨ ᠯᠤᠭ᠎ᠠ ᠨᠢᠭᠡᠨ ᠠᠳᠠᠯᠢ ᠪᠣᠯᠤᠭᠰᠠᠨ ᠳ᠋ᠤᠷ ᠠᠯᠲᠠᠨᠱᠠᠭ᠎ᠠ ᠠ᠋ᠴᠠ ᠲᠡᠷᠢᠭᠦᠯᠡᠨ ᠲᠦᠰᠢᠮᠡᠳ ᠲᠣᠷ ᠬᠦᠷᠲᠡᠯ᠎ᠡ ᠲᠠᠢᠽᠦ ᠶ᠋ᠢᠨ ᠬᠡᠰᠢᠭ ᠢ᠋ ᠦᠬᠦᠲᠡᠯ᠎ᠡ ᠰᠢᠲᠦᠵᠦ ᠦᠶ᠎ᠡ ᠤᠯᠠᠷᠢᠨ ᠳᠠᠭᠠᠵᠤᠬᠤᠢ᠃ ᠳ᠋ᠠᠳᠠᠳᠤᠩᠭ᠎ᠠ ᠶ᠋ᠢ ᠬᠡᠪ ᠢ᠋ᠶ᠋ᠡᠷ ᠪᠧᠲ᠋ᠠ᠋ ᠤᠯᠤᠰ ᠤ᠋ᠨ ᠪᠢᠴᠢᠭ ᠦ᠋ᠨ ᠰᠤᠷᠭᠠᠭᠤᠯᠢ ᠳ᠋ᠤᠷ ᠪᠠᠢᠯᠭᠠᠵᠤ᠂ ᠲᠠᠢᠽᠦ ᠳᠡᠭᠦᠦ ᠨᠠᠷ ᠬᠡᠦᠬᠡᠳ ᠲᠣᠷ ᠢ᠋ᠶ᠋ᠠᠨ ᠪᠢᠴᠢᠭ ᠵᠢᠭᠠᠯᠭᠠᠪᠠ᠃
ᠲᠡᠭᠦᠨᠴᠡ ᠮᠤᠬᠤᠯᠢ ᠡᠳᠦᠷ ᠪᠦᠷᠢ ᠳ᠋ᠠᠳᠠᠳᠤᠩᠭ᠎ᠠ ᠯᠤᠭ᠎ᠠ ᠨᠥᠬᠥᠷᠯᠡᠨ᠂ ᠠᠯᠪᠠᠨ ᠬᠡᠷᠡᠭ ᠲᠦ᠍ᠷ ᠪᠠᠬᠠᠨ ᠴᠢᠯᠥᠭᠡ ᠣᠯᠤᠮᠠᠭᠴᠠ ᠳᠠᠷᠤᠢ ᠢᠷᠡᠵᠦ ᠲᠡᠭᠦᠨ ᠯᠦ᠍ᠭᠡ ᠡᠷᠲᠡᠨ ᠦ᠌ ᠪᠢᠴᠢᠭ ᠱᠠᠰᠲᠢᠷ ᠢ᠋ ᠰᠣᠨᠣᠰᠴᠤ ᠣᠯᠵᠤ ᠮᠡᠳᠡᠭᠰᠡᠨ ᠪᠠ ᠨᠡᠢᠴᠡᠬᠦ ᠡᠰᠡ ᠨᠡᠢᠴᠡᠬᠦ᠂ ᠡᠵᠡᠨ ᠰᠠᠢᠳ ᠤ᠋ᠨ ᠰᠠᠢᠨ ᠪᠠ ᠮᠠᠭᠤ ᠶ᠋ᠢ ᠢᠯᠭᠠᠨ ᠬᠡᠯᠡᠯᠴᠡᠬᠦ ᠳ᠋ᠦ᠍ᠷ ᠳ᠋ᠠᠳᠠᠳᠤᠩᠭ᠎ᠠ ᠶᠡᠬᠡᠯ᠎ᠡ ᠭᠠᠢᠬᠠᠵᠤ᠂ ᠲᠡᠭᠷᠢ ᠶ᠋ᠢᠨ ᠲᠥᠷᠥᠯᠬᠢ ᠡᠷᠳᠡᠮ ᠠᠵᠤᠭᠤ ᠭᠡᠮᠡᠨ ᠮᠤᠬᠤᠯᠢ ᠶ᠋ᠢ ᠪᠢᠰᠢᠷᠡᠨ ᠬᠡᠯᠡᠪᠡ᠃ ᠲᠡᠳᠦᠢ ᠲᠠᠢᠽᠦ᠂ ᠮᠤᠬᠤᠯᠢ᠂ ᠪᠤᠭᠤᠷᠵᠢ ᠯᠤᠭ᠎ᠠ ᠵᠥᠪᠯᠡᠵᠦ ᠬᠡᠷᠡᠢᠳ ᠦ᠋ᠨ ᠲᠤᠰᠬᠤ ᠶ᠋ᠢ ᠮᠥᠨ ᠡᠭᠡᠭᠦᠯᠵᠦ ᠪᠣᠯᠬᠤ ᠲᠤᠯᠠ ᠲᠡᠳᠡᠨ ᠦ᠌ ᠡᠴᠢᠭᠡ ᠶ᠋ᠢᠨ ᠦᠰ ᠢ᠋ ᠠᠪᠴᠤ ᠵᠠᠮᠤᠬ᠎ᠠ ᠶ᠋ᠢ ᠠᠯᠠᠵᠤ ᠥᠭᠭᠦᠭᠰᠡᠨ ᠳ᠋ᠦ᠍ᠷ ᠬᠡᠷᠡᠢᠳ ᠦ᠋ᠳ ᠦᠬᠦᠨ ᠰᠢᠲᠦᠭᠰᠡᠨ ᠦ᠌ ᠲᠤᠯᠠ ᠬᠡᠷᠡᠢᠳ ᠦ᠋ᠨ ᠭᠡᠷ ᠦ᠋ᠨ ᠪᠦᠬᠦᠨ ᠢ᠋ ᠤᠯᠤᠰ ᠲᠤᠷ ᠡᠭᠡᠭᠦᠯᠬᠦ ᠵᠠᠬᠢᠶ᠎ᠠ ᠪᠠᠭᠤᠭᠰᠠᠨ ᠳ᠋ᠤᠷ ᠲᠤᠰᠬᠤ᠂ ᠰᠣᠯᠤᠩᠭᠤᠸ᠎ᠠ ᠣᠯᠠᠨ ᠢ᠋ᠶ᠋ᠠᠨ ᠠᠪᠴᠤ ᠲᠠᠢᠽᠦ ᠳ᠋ᠦ᠍ᠷ ᠤᠬᠢᠯᠠᠨ ᠮᠥᠷᠭᠥᠵᠦ ᠲᠠᠢᠽᠦ ᠶ᠋ᠢᠨ ᠬᠣᠷᠮᠣᠢ ᠳ᠋ᠤᠷ ᠰᠢᠷᠭᠤᠨ ᠬᠠᠭᠤᠷᠠᠢ ᠦᠷ᠎ᠡ ᠪᠣᠯᠰᠤᠭᠠᠢ ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠲᠡᠳᠡᠨ ᠦ᠌ ᠰᠡᠳᠬᠢᠯ ᠦᠨᠡᠨ ᠪᠣᠯᠤᠭᠰᠠᠨ ᠳ᠋ᠤᠷ ᠶᠡᠬᠡᠯ᠎ᠡ ᠪᠡᠶᠡᠰᠦᠨ ᠵᠥᠪᠰᠢᠶᠡᠭᠰᠡᠨᠡ ᠰᠣᠯᠤᠩᠭᠤᠸ᠎ᠠ ᠳᠡᠭᠦᠦ ᠶᠦ᠍ᠭᠡᠨ ᠠᠪᠴᠤ ᠲᠠᠢᠽᠦ ᠳ᠋ᠦ᠍ᠷ ᠡᠴᠢᠭᠡ ᠶ᠋ᠢᠨ ᠶᠣᠰᠣᠭᠠᠷ ᠮᠥᠷᠭᠥᠵᠦ ᠵᠢᠷᠤᠮ ᠤ᠋ᠨ ᠬᠡᠦᠬᠡᠳ ᠪᠣᠯᠪᠠ᠃ ᠡᠭᠦᠨ ᠳ᠋ᠦ᠍ᠷ ᠲᠠᠢᠽᠦ ᠪᠠ ᠪᠦᠷᠳᠡᠭᠡᠯᠵᠢᠨ ᠬᠠᠲᠤᠨ ᠲᠠᠨ ᠶᠡᠬᠡᠯ᠎ᠡ ᠡᠨᠡᠷᠢᠨ ᠥᠷᠥᠰᠢᠶᠡᠵᠦ᠂ ᠬᠦᠨᠳᠦᠳᠡ ᠱᠠᠩ ᠬᠡᠰᠢᠭ ᠬᠦᠷᠲᠡᠭᠡᠨ ᠬᠡᠷᠡᠢᠳ ᠤᠯᠤᠰ ᠤ᠋ᠨ ᠬᠠᠭᠠᠰ ᠢ᠋ ᠠᠨᠤ ᠲᠤᠰᠬᠤ ᠳ᠋ᠤᠷ ᠵᠠᠬᠢᠷᠤᠭᠤᠯᠤᠨ ᠬᠠᠭᠠᠰ ᠢ᠋ ᠠᠨᠤ ᠬᠠᠪᠤᠲᠤ ᠬᠠᠰᠠᠷ ᠲᠤᠷ ᠵᠠᠬᠢᠷᠤᠭᠤᠯᠤᠨ᠂ ᠪᠠᠰᠠ ᠲᠠᠢᠽᠦ ᠬᠠᠪᠤᠲᠤ ᠬᠠᠰᠠᠷ ᠢ᠋ ᠨᠠᠢ᠍ᠮᠠᠨ ᠤ᠋ ᠠᠯᠲᠠᠨᠱᠠᠭ᠎ᠠ ᠳ᠋ᠤᠷ ᠢᠯᠡᠭᠡᠵᠦ᠂ ᠠᠯᠲᠠᠨᠱᠠᠭ᠎ᠠ ᠶ᠋ᠢᠨ ᠥᠬᠢᠨ ᠳᠡᠭᠦᠦ ᠬᠠᠰ ᠲᠤᠶᠠᠭ᠎ᠠ ᠶ᠋ᠢ ᠾᠧ ᠸᠠᠩ ᠤ᠋ᠨ ᠪᠠᠭ᠎ᠠ ᠬᠥᠪᠡᠭᠦᠨ ᠲᠤᠰᠬᠤ ᠳ᠋ᠤᠷ ᠭᠣᠶᠣᠯᠭᠠᠵᠤ ᠲᠣᠭᠲᠠᠭᠠᠯᠭᠠᠪᠠ᠃ ᠡᠨᠡ ᠢᠨᠦ ᠲᠠᠢᠽᠦ ᠶ᠋ᠢᠨ ᠾᠧ ᠸᠠᠩ ᠤ᠋ᠨ ᠬᠠᠭᠤᠴᠢᠨ ᠰᠠᠢᠨ ᠢ᠋ ᠪᠣᠳᠣᠵᠤ ᠦᠢᠯᠡᠳᠦᠭᠰᠡᠨ ᠨᠢᠭᠤᠴᠠ ᠡᠷᠳᠡᠮ ᠪᠥᠭᠡᠳ ᠪᠠᠰᠠ ᠮᠤᠬᠤᠯᠢ ᠶ᠋ᠢᠨ ᠬᠡᠷᠡᠢᠳ ᠦ᠋ᠨ ᠰᠡᠳᠬᠢᠯ ᠢ᠋ ᠭᠦᠨ᠎ᠡ ᠲᠣᠭᠲᠠᠭᠠᠬᠤ ᠥᠷᠥᠰᠢᠶᠡᠯᠳᠦ ᠤᠷᠠᠬ᠎ᠠ ᠮᠥᠨ᠃
ᠲᠡᠳᠦᠢ ᠭᠡᠷᠡᠢ᠍ᠢᠳ ᠦ᠋ᠨ ᠨᠡᠢᠲᠡ ᠪᠡᠷ ᠨᠢᠯᠪᠤᠰᠤ ᠤᠨᠠᠭᠠᠨ ᠲᠠᠢᠽᠦ ᠳ᠋ᠦ᠍ᠷ ᠮᠥᠷᠭᠥᠵᠦ᠂ ᠤᠯᠤᠰ ᠲᠤᠷ ᠢ᠋ᠶ᠋ᠠᠨ ᠡᠭᠡᠵᠦ ᠬᠡᠭᠦᠷ ᠢ᠋ᠶ᠋ᠡᠨ ᠳᠠᠬᠢᠵᠤ ᠠᠭᠤᠯᠠᠨ ᠳ᠋ᠤᠷ ᠢ᠋ᠶ᠋ᠠᠨ ᠮᠥᠷᠭᠥᠨ ᠨᠢᠭᠡᠨ ᠤᠯᠤᠰ ᠡᠩᠬᠡ ᠠᠮᠤᠷ ᠪᠣᠯᠵᠤ᠂ ᠲᠠᠢᠽᠦ ᠶ᠋ᠢᠨ ᠠᠪᠠ ᠬᠠᠪᠴᠢᠭᠤᠷ ᠴᠡᠷᠢᠭ ᠲᠡᠢᠨ ᠳ᠋ᠦ᠍ᠷ ᠮᠠᠰᠢ ᠬᠢᠴᠢᠶᠡᠨ ᠴᠢᠷᠮᠠᠢᠵᠤ ᠬᠠᠷᠢᠨ ᠤᠷᠢᠳᠠ ᠶ᠋ᠢᠨ ᠳᠠᠭᠠᠭᠰᠠᠨ ᠤᠯᠤᠰ ᠠ᠋ᠴᠠ ᠢᠯᠡᠭᠦᠦ ᠬᠢᠴᠢᠶᠡᠯᠳᠦᠨ ᠵᠢᠳᠬᠦᠯᠳᠦᠵᠦᠬᠦᠢ᠃ ᠵᠢᠴᠢ ᠡᠳᠦᠷ ᠲᠠᠢᠽᠦ ᠥᠷᠯᠥᠭᠡ ᠳᠡᠭᠡᠭᠰᠢᠯᠡᠵᠦ ᠵᠣᠭᠣᠭ ᠵᠣᠭᠣᠭᠯᠠᠬᠤ ᠶ᠋ᠢᠨ ᠤᠷᠢᠳ᠂ ᠣᠳᠣ ᠤᠯᠤᠰ ᠤ᠋ᠨ ᠬᠦᠷᠢᠶ᠎ᠡ ᠳ᠋ᠦ᠍ᠷ ᠪᠠᠶᠠᠷ ᠤ᠋ᠨ ᠶᠣᠰᠣᠭᠠᠷ ᠬᠥᠭᠵᠢᠮ ᠡᠭᠦᠰᠬᠡᠨ ᠲᠠᠢᠽᠦ ᠶ᠋ᠢ ᠵᠠᠯᠠᠬᠤ ᠲᠡᠮᠳᠡᠭ ᠡᠷᠭᠦᠭᠰᠡᠨ ᠳ᠋ᠦ᠍ᠷ ᠲᠠᠢᠽᠦ ᠶᠣᠰᠣᠲᠤ ᠰᠠᠢᠨ ᠪᠡᠯᠡᠭᠲᠦ ᠳᠡᠪᠡᠯ ᠡᠮᠦᠰᠴᠦ ᠴᠠᠭᠠᠨ ᠬᠠᠰ ᠤ᠋ᠨ ᠪᠦᠰᠡ ᠪᠦᠰᠡᠯᠡᠵᠦ ᠭᠠᠷᠴᠤ ᠢᠷᠡᠪᠡᠰᠦ ᠵᠢᠨᠦᠩ ᠲᠡᠷᠢᠭᠦᠯᠡᠨ ᠣᠯᠠᠨ ᠲᠦᠰᠢᠮᠡᠳ ᠪᠠᠰᠠ ᠴᠥᠮ ᠰᠠᠢᠨ ᠪᠡᠯᠡᠭᠲᠦ ᠬᠤᠪᠴᠠᠳ ᠡᠮᠦᠰᠴᠦ ᠴᠠᠭᠠᠨ ᠭᠬᠢᠪ ᠪᠠᠷᠢᠨ ᠰᠥᠭᠥᠳᠴᠦᠬᠦᠢ᠃ ᠲᠠᠢᠽᠦ ᠤᠴᠢᠷ ᠢ᠋ ᠠᠰᠠᠭᠤᠪᠠᠰᠤ᠂ ᠲᠣᠷᠭᠠᠨ ᠰᠢᠷ᠎ᠠ᠂ ᠮᠤᠬᠤᠯᠢ ᠲᠡᠷᠢᠭᠦᠯᠡᠵᠦ ᠣᠯᠠᠨ ᠲᠦᠰᠢᠮᠡᠳ ᠢ᠋ ᠠᠪᠴᠤ ᠰᠥᠭᠥᠳᠦᠭᠡᠳ ᠡᠢᠨ ᠥᠭᠦᠯᠡᠷᠦᠨ :
ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ ᠬᠤᠪᠢᠯᠭᠠᠨ
ᠪᠠᠷᠠᠭᠳᠠᠰᠢ ᠦᠭᠡᠢ ᠪᠤᠶᠠᠨ ᠵᠠᠶᠠᠭᠠᠲᠤ ᠡᠵᠡᠨ ᠮᠢᠨᠦ ᠠ᠋᠂
ᠪᠠᠭᠠᠲᠤᠷ ᠵᠢᠷᠤᠮ ᠢ᠋ᠶ᠋ᠠᠷ ᠬᠣᠲᠠᠯᠠ ᠤᠯᠤᠰ ᠢ᠋ ᠬᠤᠷᠢᠶᠠᠮᠵᠢᠯᠠᠵᠤ
ᠪᠠᠷᠳᠠᠮ ᠵᠠᠩᠲᠤ ᠲᠠᠢ ᠬᠣᠢᠲᠤ ᠭᠠᠵᠠᠷ ᠢ᠋ ᠨᠡᠢᠭᠡᠮᠯᠡᠭᠰᠡᠨᠡ᠂
ᠪᠠᠷᠲᠠᠭᠠᠪᠠᠷ ᠣᠳᠣ ᠳᠡᠭᠡᠳᠦᠰ ᠦ᠋ᠨ ᠢ᠋ᠶ᠋ᠡᠨ ᠲᠥᠷᠥ ᠶ᠋ᠢ ᠵᠠᠯᠭᠠᠮᠵᠢᠯᠠᠵᠤ
ᠪᠧᠲ᠋ᠠ᠋ ᠤᠯᠤᠰ ᠤ᠋ᠨ ᠬᠠᠭᠠᠨ ᠰᠠᠭᠤᠵᠤ ᠪᠣᠯᠬᠤ ᠶ᠋ᠢᠨ ᠲᠤᠯᠠᠳᠠ
ᠪᠠᠯᠠᠮᠠᠳ ᠪᠦᠭᠦᠳᠡᠭᠡᠷ ᠳᠤᠷᠠᠳᠬᠠᠨ ᠮᠡᠳᠡᠭᠦᠯᠵᠦ ᠭᠤᠶᠤᠮᠤᠢ
ᠪᠠᠭᠲᠠᠭᠠᠨ ᠥᠷᠥᠰᠢᠶᠡᠵᠦ ᠣᠯᠠᠨ ᠤ᠋ ᠬᠦᠰᠡᠯ ᠳ᠋ᠦ᠍ᠷ ᠬᠦᠷᠦᠭᠦᠯᠦᠮᠦ !
ᠪᠠᠲᠤ ᠵᠢᠷᠤᠮᠲᠤ ᠲᠦᠰᠢᠮᠡᠳ ᠴᠢᠨᠦ ᠪᠦᠭᠦᠳᠡᠭᠡᠷ
ᠪᠠᠳᠠᠷᠠᠭᠰᠠᠨ ᠣᠯᠠᠨ ᠤᠯᠤᠰ ᠲᠤᠷ ᠴᠢᠨᠦ ᠵᠠᠷᠯᠠᠵᠤ᠂
ᠪᠠᠭ᠎ᠠ ᠶᠡᠬᠡ ᠨᠡᠢᠲᠡ ᠪᠦᠭᠦᠳᠡᠭᠡᠷ ᠴᠢᠭᠤᠯᠵᠤ
ᠪᠠᠷᠢᠯᠳᠤᠯᠭ᠎ᠠ ᠢᠷᠦᠭᠡᠯᠲᠦ ᠬᠠᠰ ᠲᠥᠷᠥ ᠶ᠋ᠢ ᠴᠢᠨᠦ ᠭᠡᠷᠡᠯᠲᠦᠭᠦᠯᠵᠦ᠂
ᠪᠠᠢᠭᠤᠯᠬᠤ ᠶᠡᠬᠡ ᠶᠣᠰᠣ ᠵᠠᠷᠴᠢᠮ ᠢ᠋ ᠳᠠᠭᠠᠭᠤᠯᠵᠤ
ᠪᠡᠯᠭᠡᠲᠦ ᠥᠨᠳᠥᠷ ᠬᠠᠭᠠᠨ ᠰᠠᠭᠤᠷᠢᠨ ᠳ᠋ᠤᠷ ᠵᠠᠯᠠᠮᠤᠢ᠃
ᠪᠠᠢᠭᠰᠠᠨ ᠪᠦᠭᠦᠳᠡ ᠶ᠋ᠢ ᠬᠠᠮᠲᠤ ᠡᠵᠡᠯᠡᠭᠰᠡᠨ ᠡᠵᠡᠨ ᠮᠢᠨᠦ
ᠪᠡᠶᠡᠰᠦᠨ ᠮᠦᠰᠢᠶᠡᠵᠦ ᠪᠠᠲᠤ ᠣᠯᠠᠨ ᠤ᠋ ᠰᠡᠳᠬᠢᠯ ᠢ᠋ ᠭᠦᠢᠴᠡᠳᠬᠡᠮᠦ ! ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠶ᠋ᠢᠨ ᠴᠢᠷᠠᠢ ᠪᠠᠶᠠᠷ ᠦᠭᠡᠢ ᠪᠣᠯᠵᠤ ᠵᠠᠬᠢᠷᠤᠨ :
ᠡᠷᠲᠡᠨ ᠦ᠌ ᠡᠪᠦᠭᠡᠳ ᠦ᠋ᠨ ᠰᠦᠷ ᠰᠠᠬᠢᠭᠤᠯᠰᠤᠨ ᠤ᠋ ᠬᠠᠷᠠᠭᠠᠯᠵᠠᠯᠭ᠎ᠠ ᠪᠠᠷ
ᠡᠳᠡᠭᠡᠷ ᠣᠯᠠᠨ ᠬᠣᠢᠲᠤ ᠭᠠᠵᠠᠷ ᠢ᠋ ᠴᠥᠮ ᠬᠤᠷᠢᠶᠠᠮᠵᠢᠯᠠᠭᠰᠠᠨ ᠪᠣᠯᠪᠠᠴᠤ
ᠡᠮᠦᠨᠡᠲᠦ ᠵᠠᠬ᠎ᠠ ᠶ᠋ᠢᠨ ᠣᠢᠷ᠎ᠠ ᠰᠢᠶᠠ ᠤᠯᠤᠰ ᠪᠣᠢ
ᠡᠳᠦᠢ ᠲᠡᠳᠦᠢ ᠬᠠᠭᠠᠨ ᠰᠠᠭᠤᠷᠢᠨ ᠳ᠋ᠤᠷ ᠪᠢ ᠦᠯᠦ ᠰᠠᠭᠤᠮᠤᠢ᠂
ᠡᠯᠪᠡᠷᠢᠯ ᠵᠢᠷᠤᠮᠲᠤ ᠲᠠᠨ ᠤ᠋ ᠣᠯᠠᠨ ᠤ᠋ ᠵᠢᠳᠬᠦᠯ ᠢ᠋ᠶ᠋ᠡᠷ
ᠡᠷᠡᠮᠡᠬᠡᠢ ᠰᠠᠮᠠᠭᠤᠨ ᠬᠣᠢᠲᠤ ᠭᠠᠵᠠᠷ ᠢ᠋ ᠬᠡᠳᠦᠢ ᠴᠥᠮ ᠬᠤᠷᠢᠶᠠᠮᠵᠢᠯᠠᠭᠰᠠᠨ ᠪᠣᠯᠪᠠᠴᠤ
ᠡᠭᠦᠳᠡᠨ ᠦ᠌ ᠭᠠᠳᠠᠨ᠎ᠠ ᠰᠢᠶᠠ ᠤᠯᠤᠰ ᠡᠰᠡᠷᠭᠦᠴᠡᠬᠦᠢ ᠳ᠋ᠦ᠍ᠷ
ᠡᠨᠡ ᠢᠴᠢᠭᠦᠷᠢᠲᠦ ᠬᠠᠭᠠᠨ ᠢ᠋ ᠪᠢ ᠦᠯᠦ ᠰᠠᠭᠤᠮᠤᠢ ! ᠭᠡᠮᠡᠨ ᠡᠭᠡᠵᠦ ᠶᠠᠭᠠᠷᠠᠨ ᠣᠷᠣᠬᠤᠢ ᠳ᠋ᠤᠷ ᠡᠩ ᠪᠦᠭᠦᠳᠡ ᠲᠦᠰᠢᠮᠡᠳ ᠡᠩᠭᠡᠷ ᠡᠴᠡ ᠲᠠᠲᠠᠵᠤ ᠳᠠᠬᠢᠨ ᠳᠠᠬᠢᠨ ᠮᠡᠳᠡᠭᠦᠯᠬᠦᠢ ᠳ᠋ᠦ᠍ᠷ ᠡᠷᠬᠡ ᠰᠦᠷᠲᠦ ᠲᠠᠢᠽᠦ ᠡᠭᠡᠵᠦ ᠬᠠᠨᠳᠤᠵᠤ ᠵᠠᠬᠢᠷᠬᠤ ᠠᠨᠤ :《ᠡᠳᠦᠭᠡ ᠳᠠᠷᠠᠭ᠎ᠠ ᠪᠠᠷ ᠰᠢᠶᠠ ᠤᠯᠤᠰ ᠢ᠋ ᠣᠯᠤᠭᠰᠠᠨ ᠬᠣᠢᠨ᠎ᠠ᠂ ᠡᠷᠬᠢᠮ ᠲᠦᠰᠢᠮᠡᠳ ᠲᠠᠨ ᠤ᠋ ᠡᠨᠡ ᠦᠭᠡ ᠶ᠋ᠢ ᠳᠠᠭᠠᠰᠤᠭᠠᠢ ! 》ᠬᠡᠮᠡᠭᠡᠳ ᠡᠭᠡᠨ ᠡᠴᠢᠪᠡ᠃ ᠡᠭᠦᠨ ᠳ᠋ᠦ᠍ᠷ ᠲᠣᠷᠭᠠᠨ ᠰᠢᠷ᠎ᠠ᠂ ᠮᠤᠬᠤᠯᠢ ᠬᠣᠶᠠᠭᠤᠯᠠ ᠭᠠᠷᠴᠤ ᠢᠷᠡᠭᠡᠳ ᠡᠭᠦᠯᠡᠲᠦ ᠶᠡᠬᠡ ᠰᠢᠪᠠᠭ᠎ᠠ ᠶ᠋ᠢ ᠳᠥᠷᠪᠡᠨ ᠵᠦᠭ ᠲᠦ᠍ᠷ ᠳᠣᠪᠲᠣᠯᠭᠠᠵᠤ᠂ ᠨᠠᠷᠮᠠᠢ ᠶᠡᠬᠡ ᠤᠯᠤᠰ ᠲᠠᠭᠠᠨ ᠡᠳᠦᠭᠡ ᠳᠠᠷᠤᠢ ᠵᠠᠷᠯᠠᠵᠤ᠂ ᠬᠠᠭᠠᠰ ᠰᠠᠷ᠎ᠠ ᠶ᠋ᠢᠨ ᠳᠣᠲᠣᠷ᠎ᠠ ᠬᠠᠮᠤᠭ ᠪᠦᠭᠦᠳᠡ ᠶ᠋ᠢ ᠬᠤᠷᠢᠶᠠᠬᠤ᠂ ᠬᠠᠳᠠᠨ ᠪᠠᠭᠠᠲᠤᠷ ᠴᠡᠷᠢᠭ ᠬᠣᠷᠢᠨ ᠲᠦᠮᠡᠨ ᠰᠢᠯᠭᠠᠵᠤ ᠳᠠᠷᠤᠢ ᠮᠣᠷᠳᠠᠰᠤᠭᠠᠢ ᠭᠡᠮᠡᠨ ᠡᠵᠡᠨ ᠳ᠋ᠦ᠍ᠷ ᠮᠡᠳᠡᠭᠦᠯᠦᠭᠰᠡᠨ᠎ᠡ᠂ ᠲᠠᠢᠽᠦ ᠶ᠋ᠢᠨ ᠰᠡᠳᠬᠢᠯ ᠳ᠋ᠦ᠍ᠷ ᠶᠡᠬᠡᠯ᠎ᠡ ᠨᠡᠢᠯᠡᠵᠦ ᠬᠠᠷᠠᠩᠭ᠎ᠠ ᠶ᠋ᠢᠨ ᠳᠠᠭᠤᠨ ᠭᠤᠷᠪᠠᠨᠲᠠ ᠭᠠᠷᠤᠮᠠᠭᠴᠠ ᠬᠠᠮᠤᠭ ᠪᠦᠬᠦᠨ ᠢ᠋ᠶ᠋ᠡᠨ ᠠᠪᠴᠤ ᠰᠠᠭᠠᠳᠠᠭ ᠨᠤᠮᠤ ᠠᠭᠰᠤᠯᠴᠠᠨ ᠲᠠᠷᠭᠤᠨ ᠮᠣᠷᠢᠨ ᠳ᠋ᠤᠷ ᠮᠣᠷᠳᠠᠭᠰᠠᠭᠠᠷ᠂ ᠬᠠᠯᠳᠠᠵᠤ ᠴᠡᠷᠢᠭᠯᠡᠭᠰᠡᠨ ᠰᠢᠶᠠ ᠤᠯᠤᠰ ᠢ᠋ ᠬᠠᠭᠠᠵᠤ ᠪᠠᠢᠯᠳᠤᠷ᠎ᠠ ᠮᠣᠷᠳᠠᠪᠠ᠃ ᠬᠠᠷᠠᠬᠠᠨ ᠨᠠᠮᠤᠷ ᠤ᠋ᠨ ᠴᠠᠭ ᠲᠤᠯᠠ ᠨᠠᠢ᠍ᠮᠠᠨ ᠡᠩ ᠦ᠋ᠨ ᠴᠡᠷᠢᠭ ᠦ᠋ᠨ ᠬᠦᠴᠦᠨ ᠬᠠᠳᠠᠨ ᠴᠢᠭᠢᠷᠠᠭ᠂ ᠮᠣᠷᠢᠨ ᠤ᠋ ᠮᠢᠬ᠎ᠠ ᠲᠠᠷᠭᠤᠨ ᠳᠦᠭᠦᠷᠡᠩ᠂ ᠴᠠᠭ ᠪᠠᠰᠠ ᠰᠡᠷᠢᠭᠦᠨ᠂ ᠬᠥᠮᠦᠨ ᠪᠠᠰᠠ ᠣᠮᠣᠭ ᠲᠠᠢ᠂ ᠴᠡᠷᠢᠭ ᠦ᠋ᠨ ᠴᠠᠭᠠᠵᠠ ᠠᠨᠤ ᠠᠶᠤᠩᠭ᠎ᠠ ᠴᠠᠬᠢᠯᠭᠠᠨ ᠮᠡᠲᠦ ᠲᠦᠷᠭᠡᠨ᠂ ᠨᠢᠭᠡᠨᠲᠡ ᠰᠢᠶᠠ ᠤᠯᠤᠰ ᠤ᠋ᠨ ᠵᠠᠬ᠎ᠠ ᠶ᠋ᠢᠨ ᠶᠡᠬᠡ ᠵᠡᠭᠡᠯᠢ ᠯᠢ ᠴᠢᠯᠢ ᠶ᠋ᠢᠨ ᠬᠣᠷᠣᠭ᠎ᠠ ᠳ᠋ᠤᠷ ᠬᠦᠷᠦᠮᠡᠭᠴᠡ ᠦᠬᠡᠷ ᠫᠤᠤ ᠨᠢᠭᠡᠨᠲᠡ ᠳᠠᠭᠤᠷᠢᠰᠴᠤ ᠮᠤᠬᠤᠯᠢ ᠣᠯᠠᠨ ᠴᠡᠷᠢᠭ ᠢ᠋ ᠬᠣᠶᠠᠷ ᠬᠠᠭᠠᠰᠯᠠᠵᠤ᠂ ᠪᠤᠭᠤᠷᠵᠢ ᠪᠤᠭᠤᠷᠤᠯ ᠳ᠋ᠤᠷ ᠲᠠᠪᠤᠨ ᠲᠦᠮᠡᠨ ᠴᠡᠷᠢᠭ ᠢ᠋ ᠵᠠᠬᠢᠷᠤᠭᠤᠯᠤᠨ ᠨᠡᠢᠲᠡ ᠳ᠋ᠦ᠍ᠷ ᠵᠠᠷᠯᠠᠭᠰᠠᠨ ᠠᠨᠤ :《ᠡᠨᠡ ᠤᠳᠠᠭ᠎ᠠ ᠶ᠋ᠢᠨ ᠴᠡᠷᠢᠭ ᠮᠣᠷᠳᠠᠬᠤᠢ ᠳ᠋ᠤᠷ ᠰᠢᠶᠠ ᠤᠯᠤᠰ ᠤ᠋ᠨ ᠴᠡᠷᠢᠭ ᠢᠷᠭᠡᠨ ᠦ᠌ ᠰᠡᠷᠡᠮᠵᠢ ᠦᠭᠡᠢ ᠰᠣᠴᠢᠮᠠᠲᠠᠭᠠᠢ ᠳ᠋ᠤᠷ ᠣᠳᠣ ᠠᠷᠭ᠎ᠠ ᠡᠪ ᠬᠡᠷᠡᠭ ᠦᠭᠡᠢ᠂ ᠭᠠᠭᠴᠠ ᠡᠨᠡ ᠤᠳᠠᠭ᠎ᠠ ᠯᠦᠸ᠋ᠸ ᠽᠢ ᠴᠧᠩ ᠬᠣᠲᠠ ᠶ᠋ᠢ ᠡᠰᠡ ᠣᠯᠪᠠᠰᠤ ᠮᠠᠨ ᠤ᠋ ᠴᠡᠷᠢᠭ ᠲᠦ᠍ᠷ ᠠᠰᠢᠭ᠋ ᠦᠭᠡᠢ᠂ ᠬᠣᠢᠲᠤ ᠪᠧᠲ᠋ᠠ᠋ ᠤᠯᠤᠰ ᠤ᠋ᠨ ᠴᠡᠷᠢᠭ ᠰᠡᠪ ᠰᠠᠶᠢ ᠡᠬᠢᠯᠡᠨ ᠭᠠᠳᠠᠭᠠᠳᠤ ᠤᠯᠤᠰ ᠲᠤᠷ ᠴᠡᠷᠢᠭᠯᠡᠬᠦ ᠲᠤᠯᠠ ᠣᠯᠠᠨ ᠵᠠᠩᠵᠤᠨ ᠴᠡᠷᠢᠭ ᠡᠷᠬᠡᠪᠰᠢ ᠬᠦᠴᠦᠨ ᠵᠢᠳᠬᠦᠵᠦ ᠦᠬᠦᠨ ᠪᠠᠢᠯᠳᠤᠪᠠᠰᠤ ᠵᠣᠬᠢᠮᠤᠢ᠃ ᠬᠡᠷᠬᠢᠨ ᠡᠨᠡ ᠨᠢᠭᠡᠨ ᠲᠡᠷᠢᠭᠦᠨ ᠤᠳᠠᠭ᠎ᠠ ᠶ᠋ᠢᠨ ᠪᠡᠯᠡᠭ ᠲᠣᠷ ᠨᠡᠢᠴᠡᠭᠦᠯᠪᠡᠰᠦ ᠵᠣᠬᠢᠮᠤᠢ᠃ ᠮᠠᠨ ᠤ᠋ ᠪᠧᠲ᠋ᠠ᠋ ᠤᠯᠤᠰ ᠤ᠋ᠨ ᠡᠮᠦᠨ᠎ᠡ ᠵᠦᠭ ᠳᠠᠯᠠᠢ ᠳ᠋ᠤᠷ ᠲᠤᠯᠲᠠᠯ᠎ᠠ ᠶᠠᠪᠤᠬᠤ ᠪᠡᠯᠡᠭ ᠡᠨᠡ ᠤᠳᠠᠭ᠎ᠠ ᠳ᠋ᠤᠷ ᠪᠣᠢ᠃ ᠣᠯᠠᠨ ᠵᠠᠩᠵᠤᠨ ᠴᠡᠷᠢᠭ ᠡᠵᠡᠨ ᠦ᠌ ᠲᠤᠯᠠ ᠦᠬᠦᠨ ᠵᠢᠳᠬᠦᠵᠦ ᠴᠢᠷᠮᠠᠢᠲᠤᠭᠠᠢ᠂ ᠨᠢᠭᠡᠨ ᠠᠯᠬᠤᠮ ᠪᠢᠲᠡᠭᠡᠢ ᠮᠢᠲᠠᠷᠠᠲᠤᠭᠠᠢ᠂ ᠨᠢᠭᠡᠨ ᠦᠭᠡ ᠡᠴᠡ ᠪᠢᠲᠡᠭᠡᠢ ᠵᠥᠷᠢᠴᠡᠲᠦᠭᠡᠢ ! ᠡᠨᠡ ᠤᠳᠠᠭ᠎ᠠ ᠬᠡᠷᠪᠡ ᠰᠢᠶᠠ ᠤᠯᠤᠰ ᠤ᠋ᠨ ᠯᠢ ᠴᠢᠯᠢ ᠬᠣᠷᠣᠭ᠎ᠠ ᠪᠠ ᠯᠦᠸ᠋ᠸ ᠽᠢ ᠴᠧᠩ ᠬᠣᠲᠠ ᠡᠨᠡ ᠬᠣᠶᠠᠷ ᠢ᠋ ᠣᠯᠪᠠᠰᠤ ᠮᠠᠨ ᠤ᠋ ᠪᠧᠲ᠋ᠠ᠋ ᠤᠯᠤᠰ ᠤ᠋ᠨ ᠳᠥᠴᠢᠨ ᠲᠦᠮᠡᠨ ᠴᠡᠷᠢᠭ ᠲᠦ᠍ᠷ ᠭᠤᠷᠪᠠᠨ ᠣᠨ ᠤ᠋ ᠬᠦᠨᠡᠰᠦᠨ ᠲᠡᠭᠦᠰ ᠭᠦᠢᠴᠡᠮᠦᠢ ᠂ ᠲᠠᠨ ᠤ᠋ ᠣᠯᠠᠨ ᠦᠬᠦᠨ ᠵᠢᠳᠬᠦᠵᠦ ᠭᠠᠪᠢᠶ᠎ᠠ ᠪᠦᠲᠦᠭᠡ ! 》 ᠭᠡᠮᠡᠨ ᠵᠠᠷᠯᠠᠬᠤᠢ ᠳ᠋ᠤᠷ ᠣᠯᠠᠨ ᠵᠠᠩᠵᠤᠨ ᠴᠡᠷᠢᠭ ᠠᠭᠤᠯᠠ ᠲᠠᠯ᠎ᠠ ᠳᠦᠭᠦᠷᠲᠡᠯ᠎ᠡ ᠳᠤᠷᠠᠲᠠᠶ᠎ᠠ ᠪᠠᠶᠠᠰᠤᠯᠳᠤᠨ ᠬᠦᠯᠢᠶᠡᠵᠦ ᠠᠪᠤᠪᠠ᠃ ᠮᠥᠨ ᠰᠥᠨᠢ ᠬᠣᠶᠠᠷ ᠴᠡᠷᠢᠭ ᠦ᠋ᠨ ᠬᠦᠷᠢᠶ᠎ᠡ ᠳ᠋ᠦ᠍ᠷ ᠰᠡᠮᠡᠬᠡᠷ ᠲᠤᠷᠰᠢᠵᠤ ᠦᠵᠡᠬᠦᠯ᠎ᠡ ᠣᠯᠠᠨ ᠴᠡᠷᠢᠭ ᠴᠥᠮ ᠪᠠᠶᠠᠷᠯᠠᠯᠴᠠᠨ ᠱᠠᠯᠠᠮᠠᠭᠠᠢᠯᠠᠬᠤ ᠲᠤᠯᠠ ᠡᠨᠡ ᠯᠠᠪ ᠭᠠᠪᠢᠶ᠎ᠠ ᠪᠦᠲᠦᠮᠦᠢ ᠭᠡᠮᠡᠨ ᠳᠠᠩᠲᠦ ① ᠶ᠋ᠢᠨ ᠰᠠᠢᠬᠠᠨ ᠰᠤᠷᠲᠠᠯᠲᠤ᠂ ᠵᠠᠯᠮ᠎ᠠ ᠶ᠋ᠢᠨ ᠬᠥᠪᠡᠭᠦᠨ ᠴᠡᠴᠡᠭ ᠬᠣᠶᠠᠭᠤᠯᠠ ᠶ᠋ᠢ ᠳᠠᠭᠤᠳᠠᠵᠤ ᠬᠡᠳᠦᠨ ᠦᠭᠡ ᠰᠤᠷᠭᠠᠵᠤ ᠰᠥᠨᠢ ᠪᠡᠷ ᠳᠣᠪᠲᠣᠯᠭᠠᠨ ᠶᠠᠪᠤᠭᠤᠯᠵᠤ᠂ ᠶᠡᠬᠡ ᠴᠡᠷᠢᠭ ᠢ᠋ ᠬᠣᠶᠠᠷ ᠠᠩᠭᠢ ᠬᠤᠪᠢᠶᠠᠵᠤ ᠪᠤᠭᠤᠷᠵᠢ᠂ ᠪᠤᠭᠤᠷᠤᠯ ᠯᠢ ᠴᠢᠯᠢ ᠬᠣᠷᠣᠭ᠎ᠠ ᠶ᠋ᠢ ᠪᠠᠢᠯᠳᠤᠷ᠎ᠠ ᠣᠷᠣᠪ᠃ ᠲᠠᠢᠽᠦ᠂ ᠮᠤᠬᠤᠯᠢ᠂ ᠯᠦᠸ᠋ᠸ ᠽᠢ ᠴᠧᠩ ᠬᠣᠲᠠ ᠶ᠋ᠢ ᠪᠠᠢᠯᠳᠤᠷ᠎ᠠ ᠡᠴᠢᠪᠡ᠃
– – – –
① ᠪᠢᠴᠢᠭᠡᠴᠢ ᠪᠡᠷ ᠦᠵᠡᠭᠰᠡᠭᠡᠷ ᠡᠨᠳᠡ ᠬᠦᠷᠴᠦ ᠤᠴᠢᠷ ᠦᠭᠡᠢ ᠢᠨᠢᠶᠡᠳᠦᠨ ᠲᠥᠷᠥᠵᠦ ᠪᠢᠴᠢᠭᠰᠡᠨ ᠠᠨᠤ ᠡᠨᠡ ᠲᠣᠳᠣ ᠪᠠᠰᠠ ᠰᠣᠨᠢᠨ ᠶᠠᠭᠤᠮ᠎ᠠ᠂ ᠦᠰᠦᠷᠦᠭᠰᠡᠨ ᠲᠣᠯᠣᠭᠠᠢ ᠪᠠ ᠦᠬᠦᠭᠰᠡᠨ ᠪᠡᠶ᠎ᠡ ᠳ᠋ᠦ᠍ᠷ ᠳᠠᠭᠠᠷᠢᠭᠳᠠᠭᠰᠠᠨ ᠪᠦᠬᠦᠨ ᠴᠥᠮ ᠦᠬᠦᠬᠦ ᠮᠢᠨᠦ ᠶᠠᠮᠪᠠᠷ ᠤᠴᠢᠷ ᠪᠣᠢ ? ᠦᠨᠡᠬᠡᠷ ᠮᠠᠰᠢ ᠭᠠᠢᠬᠠᠯᠲᠠᠢ ᠬᠡᠷᠡᠭ᠃ ᠡᠨᠡ ᠨᠢᠭᠡᠨ ᠡᠷ᠎ᠡ᠂ ᠨᠢᠭᠡᠨ ᠡᠬᠡᠨᠡᠷ ᠮᠠᠰᠢ ᠬᠢᠯᠢᠰ ᠪᠣᠯᠠᠢ᠃ ᠡᠰᠡᠬᠦᠯ᠎ᠡ ᠪᠤᠷᠬᠠᠨ ᠤ᠋ ᠨᠣᠮ ᠳ᠋ᠤᠷ ᠥᠭᠦᠯᠡᠭᠰᠡᠨ :ᠠᠯᠢ ᠴᠠᠭᠯᠠᠰᠢ ᠲᠣᠭᠠᠯᠠᠰᠢ ᠦᠭᠡᠢ ᠦᠢᠯᠡ ᠶ᠋ᠢᠨ ᠦᠷ᠎ᠡ ᠪᠣᠯᠪᠠᠤ ? ᠡᠨᠡ ᠡᠷ᠎ᠡ ᠡᠬᠡᠨᠡᠷ ᠶᠠᠮᠪᠠᠷ ᠨᠢᠭᠡᠨ ᠨᠢᠭᠤᠴᠠ ᠨᠢᠭᠦᠯ ᠪᠣᠢ ᠪᠣᠯᠪᠠᠤ᠂ ᠶᠠᠭᠤᠲᠠᠢ ᠰᠣᠨᠢᠨ᠃
ᠲᠡᠨᠳᠡᠴᠡ ᠪᠤᠭᠤᠷᠵᠢ᠂ ᠪᠤᠭᠤᠷᠤᠯ ᠣᠯᠠᠨ ᠴᠡᠷᠢᠭ ᠢ᠋ ᠠᠪᠴᠤ ᠬᠣᠶᠠᠷ ᠡᠳᠦᠷ ᠦ᠋ᠨ ᠵᠠᠮ ᠢ᠋ ᠨᠢᠭᠡᠨ ᠡᠳᠦᠷ ᠪᠣᠯᠭᠠᠨ ᠲᠣᠪᠴᠢᠯᠠᠵᠤ᠂ ᠮᠣᠷᠢᠨ ᠤ᠋ ᠲᠠᠷᠭᠤᠨ ᠳ᠋ᠤᠷ ᠡᠷᠳᠦᠵᠦ ᠴᠣᠬᠢᠨ ᠶᠠᠪᠤᠭᠰᠠᠭᠠᠷ ᠰᠢᠶᠠ ᠤᠯᠤᠰ ᠤ᠋ᠨ ᠶᠡᠬᠡᠯ᠎ᠡ ᠪᠠᠲᠤ ᠯᠢ ᠴᠢᠯᠢ ᠨᠡᠷᠡᠲᠦ ᠶᠡᠬᠡ ᠬᠣᠷᠣᠭ᠎ᠠ ᠳ᠋ᠤᠷ ᠣᠷᠣᠵᠤ ᠡᠴᠢᠬᠦᠶ᠎ᠡ ᠣᠯᠠᠨ ᠵᠡᠭᠡᠯᠢ ᠶ᠋ᠢᠨ ᠬᠥᠮᠦᠨ ᠴᠥᠮ ᠤᠮᠳᠠᠭ᠎ᠠ ᠪᠠᠷ ᠲᠤᠯᠠ ᠬᠡᠷᠡᠮ ᠦ᠋ᠨ ᠳᠥᠷᠪᠡᠨ ᠡᠭᠦᠳᠡ ᠶ᠋ᠢ ᠬᠠᠭᠠᠵᠤ ᠭᠠᠵᠠᠷ ᠤ᠋ᠨ ᠡᠵᠡᠨ᠂ ᠵᠡᠭᠡᠯᠢ ᠶ᠋ᠢᠨ ᠡᠵᠡᠨ᠂ ᠭᠠᠢᠯᠢ ᠶ᠋ᠢᠨ ᠡᠵᠡᠨ ᠭᠤᠷᠪᠠᠭᠤᠯᠠ ᠶ᠋ᠢ ᠴᠥᠮ ᠪᠠᠷᠢᠵᠤ ᠠᠪᠤᠭᠠᠳ ᠣᠯᠠᠨ ᠢᠷᠭᠡᠨ ᠢ᠋ ᠢᠨᠦ ᠴᠢᠭᠤᠯᠭᠤᠯᠵᠤ ᠲᠣᠭ᠎ᠠ ᠶ᠋ᠢ ᠠᠪᠴᠤ ᠵᠢᠷᠭᠤᠭᠠᠨ ᠲᠦᠮᠡᠨ ᠢᠯᠡᠭᠦᠦ ᠨᠡᠷ᠎ᠡ ᠲᠤᠯᠠ ᠳᠣᠲᠣᠷ᠎ᠠ ᠠ᠋ᠴᠠ ᠳᠣᠯᠣᠭᠠᠨ ᠮᠢᠩᠭᠠᠨ ᠬᠥᠮᠦᠨ ᠢ᠋ ᠠᠪᠴᠤ ᠲᠦᠮᠡᠨ ᠯᠠᠩ ᠮᠥᠩᠭᠥ᠂ ᠮᠢᠩᠭᠠᠨ ᠠᠳᠤᠭᠤ᠂ ᠪᠥᠰ ᠲᠣᠷᠭ᠎ᠠ ᠭᠬᠢᠪ ᠬᠡᠪᠢᠰ ᠦ᠋ᠨ ᠵᠦᠢᠯ ᠢ᠋ ᠬᠡᠳᠦᠨ ᠵᠠᠭᠤᠨ ᠲᠡᠷᠭᠡ ᠠᠪᠴᠤ ᠭᠤᠷᠪᠠᠨ ᠲᠦᠰᠢᠮᠡᠯ ᠯᠦ᠍ᠭᠡ ᠲᠠᠢᠽᠦ ᠳ᠋ᠦ᠍ᠷ ᠬᠦᠷᠭᠡᠵᠦ ᠥᠪᠡᠷ ᠢ᠋ᠶ᠋ᠡᠨ ᠵᠠᠬᠢᠶ᠎ᠠ ᠬᠦᠯᠢᠶᠡᠵᠦ ᠯᠢ ᠴᠢᠯᠢ ᠬᠣᠷᠣᠭ᠎ᠠ ᠳ᠋ᠤᠷ ᠰᠠᠬᠢᠪᠠ᠃
ᠲᠡᠨᠳᠡᠴᠡ ᠰᠠᠯᠤᠭᠰᠠᠨ ᠲᠠᠢᠽᠦ ᠶ᠋ᠢᠨ ᠴᠡᠷᠢᠭ ᠴᠣᠬᠢᠨ ᠶᠠᠪᠤᠵᠤ᠂ ᠰᠢᠶᠠ ᠤᠯᠤᠰ ᠤ᠋ᠨ ᠯᠦᠸ᠋ᠸ ᠴᠢ ᠴᠧᠩ ᠬᠣᠲᠠᠨ ᠳ᠋ᠤᠷ ᠬᠦᠷᠲᠡᠯ᠎ᠡ ᠯᠦᠸ᠋ᠸ ᠽᠢ ᠴᠧᠩ ᠬᠣᠲᠠ ᠤᠭ ᠠ᠋ᠴᠠ ᠣᠭᠲᠣ ᠰᠠᠨᠠᠭᠠᠨ ᠳ᠋ᠤᠷ ᠦᠭᠡᠢ ᠪᠠᠢᠭᠰᠠᠨ ᠲᠤᠯᠠ ᠪᠧᠲ᠋ᠠ᠋ ᠤᠯᠤᠰ ᠤ᠋ᠨ ᠴᠡᠷᠢᠭ ᠨᠢᠭᠡᠨᠲᠡ ᠳᠣᠪᠲᠣᠯᠤᠨ ᠬᠣᠲᠠ ᠶ᠋ᠢᠨ ᠬᠠᠭᠠᠯᠭᠠᠨ᠎ᠠ ᠬᠦᠷᠲᠡᠯ᠎ᠡ ᠬᠣᠲᠠ ᠶ᠋ᠢᠨ ᠬᠠᠭᠠᠯᠭ᠎ᠠ ᠶ᠋ᠢᠨ ᠲᠦᠰᠢᠮᠡᠯ ᠬᠠᠭᠠᠯᠭ᠎ᠠ ᠪᠠᠨ ᠳᠠᠷᠤᠵᠤ ᠳᠥᠷᠪᠡᠨ ᠥᠨᠴᠥᠭ ᠦ᠋ᠨ ᠵᠦᠭ ᠬᠡᠩᠭᠡᠷᠭᠡ ᠶ᠋ᠢᠨ ᠠᠰᠠᠷ ᠲᠤᠷ ᠭᠠᠷᠴᠤ ᠵᠦᠩ ᠬᠡᠩᠭᠡᠷᠭᠡ ᠶ᠋ᠢ ᠴᠣᠬᠢᠭᠤᠯᠤᠨ᠂ ᠣᠭᠲᠣ ᠪᠠᠢᠯᠳᠤᠭᠰᠠᠨ ᠦᠭᠡᠢ ᠨᠣᠬᠠᠢ ᠭᠠᠬᠠᠢ ᠶ᠋ᠢᠨ ᠴᠡᠷᠢᠭ ᠢ᠋ᠶ᠋ᠡᠨ ᠬᠤᠷᠢᠶᠠᠬᠤᠶ᠎ᠠ᠂ ᠭᠡᠨᠡᠳᠲᠡ ᠨᠢᠭᠡᠨ ᠠᠩᠭᠢ ᠳᠥᠴᠢ ᠲᠠᠪᠢᠨ ᠳᠠᠪᠤᠰᠤᠨ ᠤ᠋ ᠲᠡᠷᠭᠡ ᠬᠥᠭᠡᠭᠡᠬᠦ ᠠᠷᠠᠳ ᠤ᠋ᠳ ᠨᠢᠭᠡᠨ ᠫᠤᠤ ᠳᠤᠤᠭᠠᠷᠤᠮᠠᠭᠴᠠ ᠲᠡᠷᠭᠡᠨ ᠦ᠌ ᠳᠣᠲᠣᠷ᠎ᠠ ᠠ᠋ᠴᠠ ᠴᠡᠷᠢᠭ ᠦ᠋ᠨ ᠵᠡᠪᠰᠡᠭ ᠢ᠋ᠶ᠋ᠠᠨ ᠭᠠᠷᠭᠠᠵᠤ ᠰᠢᠭᠤᠳ ᠭᠠᠷ ᠬᠥᠳᠡᠯᠵᠦ ᠬᠠᠭᠠᠯᠭ᠎ᠠ ᠰᠠᠬᠢᠬᠤ ᠬᠥᠮᠦᠰ ᠢ᠋ ᠴᠥᠮ ᠴᠠᠪᠴᠢᠨ ᠤᠨᠠᠭᠠᠵᠤ᠂ ᠡᠮᠦᠨ᠎ᠡ ᠬᠠᠭᠠᠯᠭ᠎ᠠ ᠶ᠋ᠢ ᠴᠠᠢᠲᠠᠯ᠎ᠠ ᠨᠡᠭᠡᠭᠡᠵᠦ ᠴᠡᠷᠢᠭ ᠢ᠋ ᠤᠭᠲᠤᠨ ᠣᠷᠣᠭᠤᠯᠵᠤ᠂ ᠴᠡᠷᠢᠭ ᠠᠩᠭᠢ ᠠᠩᠭᠢ ᠪᠠᠷ ᠰᠠᠯᠤᠨ ᠳᠣᠪᠲᠣᠯᠵᠤ ᠬᠣᠲᠠ ᠶ᠋ᠢᠨ ᠳᠥᠷᠪᠡᠨ ᠬᠠᠭᠠᠯᠭ᠎ᠠ ᠶ᠋ᠢ ᠪᠤᠯᠢᠶᠠᠨ ᠠᠪᠤᠭᠠᠳ ᠣᠷᠣᠬᠤ ᠭᠠᠷᠬᠤ ᠶ᠋ᠢ ᠨᠢᠭᠡᠨᠲᠡ ᠴᠠᠭᠠᠵᠠᠯᠠᠵᠤ᠂ ᠬᠣᠲᠠ ᠶ᠋ᠢ ᠵᠠᠬᠢᠷᠬᠤ ᠪᠢᠴᠢᠭ ᠴᠡᠷᠢᠭ ᠦ᠋ᠨ ᠵᠢᠷᠭᠤᠭᠠᠨ ᠳᠣᠯᠣᠭᠠᠨ ᠲᠤᠰᠢᠮᠡᠯ ᠢ᠋ ᠴᠥᠮ ᠠᠮᠢᠳᠤ ᠪᠠᠷᠢᠵᠤ ᠴᠡᠷᠢᠭ ᠢᠷᠭᠡᠨ ᠦ᠌ ᠲᠣᠭ᠎ᠠ ᠳᠠᠩᠰᠠ ᠪᠠ ᠰᠠᠩ ᠬᠥᠮᠥᠷᠭᠡ ᠶ᠋ᠢᠨ ᠳᠠᠩᠰᠠ ᠶ᠋ᠢ ᠴᠥᠮ ᠬᠤᠷᠢᠶᠠᠮᠵᠢᠯᠠᠨ ᠠᠪᠤᠪᠠ᠃ ᠦᠵᠡᠰᠡ ᠵᠠᠯᠮ᠎ᠠ ᠶ᠋ᠢᠨ ᠬᠥᠪᠡᠭᠦᠨ ᠴᠡᠴᠡᠭ᠂ ᠰᠠᠢᠬᠠᠨ ᠰᠤᠷᠲᠠᠯᠲᠤ ᠬᠣᠶᠠᠭᠤᠯᠠ ᠮᠤᠬᠤᠯᠢ ᠶ᠋ᠢᠨ ᠵᠠᠬᠢᠶ᠎ᠠ ᠶ᠋ᠢ ᠳᠠᠭᠠᠵᠤ ᠬᠡᠷᠡᠢᠳ ᠦ᠋ᠨ ᠣᠯᠣᠩᠬᠤ᠂ ᠭᠣᠣᠷᠬᠢ ᠬᠣᠶᠠᠭᠤᠯᠠ ᠶ᠋ᠢᠨ ᠳᠥᠴᠢᠨ ᠱᠠᠯᠠᠮᠠᠭᠠᠢ ᠴᠡᠷᠢᠭ ᠢ᠋ ᠳᠠᠪᠤᠰᠤᠨ ᠤ᠋ ᠲᠡᠷᠭᠡ ᠬᠥᠭᠡᠭᠡᠯᠭᠡᠵᠦ ᠤᠷᠢᠳᠠ ᠬᠣᠲᠠ ᠳ᠋ᠤᠷ ᠣᠷᠣᠵᠤ ᠬᠦᠯᠢᠶᠡᠵᠦ ᠪᠠᠢᠭᠰᠠᠨ ᠠᠵᠤᠭᠤ᠃
ᠲᠡᠳᠦᠢ ᠵᠢᠩ ᠬᠣᠲᠠ – ᠯᠦᠸ᠋ᠸ ᠽᠢ ᠴᠧᠩ ᠢ᠋ ᠢᠯᠳᠦᠨ ᠳ᠋ᠦ᠍ᠷ ᠴᠢᠰᠤ ᠨᠠᠭᠠᠯᠳᠤᠭᠤᠯᠤᠯ ᠥᠭᠡᠶ᠎ᠡ ᠣᠯᠵᠤ ᠠᠪᠤᠭᠠᠳ ᠯᠢ ᠴᠢᠯᠢ ᠬᠣᠷᠣᠭ᠎ᠠ ᠶ᠋ᠢᠨ ᠭᠤᠷᠪᠠᠨ ᠲᠦᠰᠢᠮᠡᠯ ᠲᠡᠢ ᠠᠷᠪᠠᠭᠤᠯᠠ ᠶ᠋ᠢ ᠵᠢᠨᠦᠩ ᠳᠠᠭᠤᠳᠠᠨ ᠣᠷᠣᠭᠤᠯᠵᠤ ᠰᠥᠭᠥᠳᠬᠡᠨ :《ᠲᠠᠨ ᠤ᠋ ᠡᠵᠡᠨ ᠳ᠋ᠦ᠍ᠷ ᠪᠢᠳᠡ ᠣᠭᠲᠣ ᠮᠠᠭᠤ ᠦᠭᠡᠢ ᠪᠥᠭᠡᠲᠡᠯ᠎ᠡ ᠨᠠᠢ᠍ᠮᠠᠨ ᠳ᠋ᠤᠷ ᠬᠣᠶᠠᠷ ᠲᠦᠮᠡᠨ ᠴᠡᠷᠢᠭ ᠥᠭᠭᠦᠭᠰᠡᠨ ᠢᠨᠦ ᠶᠠᠭᠤᠨ ? ᠲᠡᠷᠡ ᠬᠣᠶᠠᠷ ᠲᠦᠮᠡᠨ ᠴᠡᠷᠢᠭ ᠢ᠋ᠶ᠋ᠡᠷ ᠡᠨᠡ ᠬᠣᠶᠠᠷ ᠭᠠᠵᠠᠷ ᠢ᠋ᠶ᠋ᠠᠨ ᠬᠠᠮᠠᠭᠠᠯᠠᠭᠰᠠᠨ ᠪᠥᠭᠡᠰᠦ ᠡᠭᠦᠨ ᠡᠴᠡ ᠳᠡᠭᠡᠷ᠎ᠡ ᠦᠭᠡᠢ ᠦᠦ ? 》 ᠭᠡᠮᠡᠨ ᠠᠰᠠᠭᠤᠪᠠᠰᠤ᠂ ᠲᠡᠷᠡ ᠠᠷᠪᠠᠭᠤᠯᠠ ᠭᠠᠭᠴᠠ ᠡᠵᠡᠨ ᠳ᠋ᠦ᠍ᠷ ᠢ᠋ᠶ᠋ᠡᠨ ᠲᠦᠯᠬᠢᠵᠦ᠂ ᠠᠮᠢᠨ ᠢ᠋ ᠬᠡᠯᠲᠦᠷᠢᠭᠦᠯᠬᠦ ᠶ᠋ᠢ ᠭᠣᠶᠣᠬᠤᠢ ᠳ᠋ᠤᠷ ᠮᠤᠬᠤᠯᠢ ᠠᠭᠤᠷᠯᠠᠵᠤ ᠥᠭᠦᠯᠡᠷᠦᠨ : 《ᠬᠡᠷᠡᠭ ᠦᠭᠡᠢ ᠨᠢᠭᠡᠨ ᠰᠦᠷᠦᠭ ᠠᠳᠤᠭᠤᠰᠤ᠂ ᠡᠵᠡᠨ ᠢ᠋ᠶ᠋ᠡᠨ ᠲᠤᠰᠢᠶᠠᠭᠰᠠᠨ ᠬᠡᠷᠡᠭ ᠢ᠋ ᠡᠨᠡ ᠮᠡᠲᠦ ᠪᠣᠯᠭᠠᠭᠠᠳ ᠪᠠᠰᠠ ᠠᠮᠢᠳᠤᠷᠠᠬᠤ ᠶ᠋ᠢ ᠭᠤᠶᠤᠬᠤ ᠠᠨᠤ ᠶᠠᠭᠤᠲᠠᠢ ᠢᠴᠢᠭᠦᠷᠢ ᠦᠭᠡᠢ ᠪᠣᠭᠣᠯ ᠪᠣᠢ ! 》ᠭᠡᠮᠡᠨ ᠢᠯᠳᠦ ᠰᠦᠬᠡ ᠪᠠᠷᠢᠭ᠍ᠰᠠᠨ ᠠᠷᠠᠳ ᠲᠤᠷ ᠲᠤᠰᠢᠶᠠᠨ ᠥᠭᠴᠦ ᠲᠦᠯᠬᠢᠨ ᠭᠠᠷᠭᠠᠵᠤ ᠰᠠᠶᠢ ᠠᠯᠠᠰᠤᠭᠠᠢ ᠬᠡᠮᠡᠲᠡᠯ᠎ᠡ ᠲᠠᠢᠽᠦ ᠶ᠋ᠢᠨ ᠲᠡᠨᠳᠡ ᠡᠴᠡ ᠰᠠᠢᠬᠠᠨ ᠰᠤᠷᠲᠠᠯᠲᠤ ᠶ᠋ᠢ ᠢᠯᠡᠭᠡᠵᠦ ᠵᠠᠬᠢᠷᠤᠨ : 《ᠥᠴᠦᠬᠡᠨ ᠠᠷᠠᠳ ᠢ᠋ ᠠᠯᠠᠭᠠᠳ ᠬᠡᠷᠡᠭ ᠦᠭᠡᠢ ᠢᠯᠳᠦᠨ ᠢ᠋ ᠪᠢᠯᠳᠠᠵᠤ ᠨᠡᠷ᠎ᠡ ᠶ᠋ᠢ ᠪᠤᠵᠠᠷᠯᠠᠬᠤ ᠠ᠋ᠴᠠ ᠡᠳᠡᠭᠡᠷ ᠠᠷᠪᠠᠨ ᠬᠥᠮᠦᠨ ᠦ᠌ ᠲᠠᠪᠤᠨ ᠢ᠋ ᠠᠨᠤ ᠲᠡᠭᠦᠨ ᠦ᠌ ᠡᠵᠡᠨ ᠡᠴᠡ ᠶᠠᠯ᠎ᠠ ᠠᠰᠠᠭᠤᠯᠭᠠᠷ᠎ᠠ ᠢᠯᠡᠭᠡᠵᠦ᠂ ᠲᠠᠪᠤᠨ ᠢ᠋ ᠠᠨᠤ ᠡᠨᠳᠡ ᠳᠠᠷᠤᠵᠤ ᠬᠦᠯᠢᠶᠡᠰᠦᠭᠡᠢ᠂ ᠬᠡᠷᠪᠡ ᠶᠠᠯ᠎ᠠ ᠠᠰᠠᠭᠤᠭᠰᠠᠨ ᠢ᠋ᠶ᠋ᠠᠨ ᠡᠭᠡᠵᠦ ᠢᠷᠡᠨ ᠮᠡᠳᠡᠭᠦᠯᠪᠡᠰᠦ ᠡᠨᠡ ᠲᠠᠪᠤᠨ ᠬᠥᠮᠦᠨ ᠢ᠋ ᠲᠠᠯᠪᠢᠵᠤ ᠡᠭᠡᠭᠦᠯᠰᠦᠭᠡᠢ !》ᠭᠡᠮᠡᠨ ᠠᠯᠠᠬᠤ ᠶ᠋ᠢ ᠭᠡᠯᠳᠦᠷᠢᠭᠦᠯᠵᠦ ᠶᠠᠪᠤᠭᠤᠯᠤᠨ᠂ ᠬᠣᠲᠠ ᠶ᠋ᠢ ᠵᠠᠯᠮ᠎ᠠ ᠰᠠᠢᠬᠠᠨ ᠰᠤᠷᠲᠠᠯᠲᠤ ᠬᠣᠶᠠᠷ ᠵᠠᠩᠵᠤᠨ ᠢ᠋ᠶ᠋ᠠᠷ ᠰᠠᠬᠢᠭᠤᠯᠵᠤ᠂ ᠬᠦᠦ ᠰᠠᠩ ᠢ᠋ ᠴᠥᠮ ᠬᠤᠷᠢᠶᠠᠮᠵᠢᠯᠠᠵᠤ᠂ ᠮᠣᠷᠢ ᠲᠡᠮᠡᠭᠡᠨ ᠢ᠋ ᠴᠥᠮ ᠴᠢᠭᠤᠯᠭᠤᠯᠵᠤ᠂ ᠪᠧᠲ᠋ᠠ᠋ ᠤᠯᠤᠰ ᠲᠤᠷ ᠬᠥᠷᠭᠡᠯᠭᠡᠵᠦ᠂ ᠰᠠᠩ ᠤ᠋ᠨ ᠪᠤᠳᠠᠭ᠎ᠠ ᠶ᠋ᠢ ᠭᠠᠷᠭᠠᠵᠤ ᠣᠯᠠᠨ ᠢᠷᠭᠡᠨ ᠳ᠋ᠦ᠍ᠷ ᠲᠦᠭᠡᠭᠡᠪᠡ᠃ ᠳᠠᠷᠤᠢ ᠶᠡᠬᠡ ᠴᠡᠷᠢᠭ ᠢ᠋ ᠠᠪᠴᠤ ᠡᠭᠡᠬᠦᠶ᠎ᠡ᠂ ᠯᠢ ᠴᠢᠯᠢ ᠬᠣᠷᠣᠭ᠎ᠠ ᠶ᠋ᠢ ᠬᠦᠯᠦᠭ ᠴᠢᠯᠠᠭᠤᠨ ᠤ᠋ ᠬᠥᠪᠡᠭᠦᠨ ᠸᠴᠢᠷ ᠠᠯᠮᠠᠰ ᠬᠣᠶᠠᠷ ᠢ᠋ᠶ᠋ᠠᠷ ᠰᠠᠬᠢᠭᠤᠯᠪᠠ᠃ ᠯᠦᠸᠧ ᠽᠢ ᠴᠧᠡᠩ ᠬᠣᠲᠠ ᠶ᠋ᠢᠨ ᠰᠠᠩ ᠬᠥᠮᠥᠷᠭᠡ ᠶ᠋ᠢᠨ ᠬᠣᠷᠢᠨ ᠲᠦᠮᠡᠨ ᠯᠠᠩ ᠢᠯᠡᠭᠦᠦ ᠮᠥᠩᠭᠥ᠂ ᠲᠡᠮᠡᠭᠡ ᠬᠣᠶᠠᠷ ᠮᠢᠩᠭ᠎ᠠ᠂ ᠮᠣᠷᠢ ᠨᠠᠢ᠍ᠮᠠᠨ ᠮᠢᠩᠭ᠎ᠠ᠂ ᠬᠣᠨᠢ ᠶᠢᠰᠦᠨ ᠲᠦᠮᠡᠨ ᠢᠯᠡᠭᠦᠦ᠂ ᠬᠤᠶᠠᠭ ᠳᠤᠭᠤᠯᠠᠭ᠎ᠠ ᠭᠤᠷᠪᠠᠨ ᠲᠦᠮᠡᠨ᠂ ᠡᠨᠡ ᠨᠡᠢᠲᠡ ᠶ᠋ᠢ ᠴᠥᠮ ᠪᠧᠲ᠋ᠠ᠋ ᠤᠯᠤᠰ ᠤ᠋ᠨ ᠲᠦᠰᠢᠮᠡᠯ ᠴᠡᠷᠢᠭ ᠲᠦ᠍ᠷ ᠬᠤᠪᠢᠶᠠᠨ ᠱᠠᠩᠨᠠᠵᠤ᠂ ᠰᠠᠢᠬᠠᠨ ᠰᠤᠷᠲᠠᠯᠲᠤ ᠶ᠋ᠢᠨ ᠭᠠᠪᠢᠶ᠎ᠠ ᠶ᠋ᠢ ᠬᠡᠯᠡᠬᠦᠶ᠎ᠡ᠂ ᠪᠦᠷᠲᠡᠭᠡᠯᠵᠢᠨ ᠬᠠᠲᠤᠨ ᠲᠠᠢᠽᠦ ᠳ᠋ᠦ᠍ᠷ ᠮᠡᠳᠡᠭᠦᠯᠦᠷᠦᠨ :《ᠰᠠᠢᠬᠠᠨ ᠰᠤᠷᠲᠠᠯᠲᠤ ᠪᠣᠯᠪᠠᠰᠤ ᠮᠢᠨᠦ ᠳᠣᠣᠷ᠎ᠠ ᠥᠰᠦᠭᠰᠡᠨ ᠬᠡᠦᠬᠡᠳ ᠡᠳᠦᠭᠡ ᠬᠣᠲᠠ ᠶ᠋ᠢ ᠤᠯᠬᠤᠢ ᠳ᠋ᠤᠷ ᠤᠷᠢᠳᠠ ᠬᠦᠷᠦᠭᠰᠡᠨ ᠭᠠᠪᠢᠶ᠎ᠠ ᠪᠣᠢ ᠪᠥᠭᠡᠳ ᠪᠠᠰᠠ ᠨᠠᠰᠤᠨ ᠳ᠋ᠤᠷ ᠬᠦᠷᠪᠡ᠂ ᠮᠥᠨ ᠪᠡᠷᠢ ᠠᠪᠬᠤᠢ ᠳ᠋ᠤᠷ ᠬᠦᠷᠴᠦᠬᠦᠢ᠃ ᠪᠢ ᠦᠵᠡᠪᠡᠰᠦ ᠡᠨᠡ ᠨᠠᠢ᠍ᠮᠠᠨ ᠤ᠋ ᠬᠣᠩᠭᠣᠷ ᠵᠤᠯᠠ ᠬᠡᠦᠬᠡᠨ ᠮᠠᠰᠢ ᠭᠤᠸ᠎ᠠ ᠦᠵᠡᠰᠬᠦᠯᠡᠩ ᠰᠡᠴᠡᠨ ᠮᠡᠷᠭᠡᠨ᠂ ᠰᠠᠢᠬᠠᠨ ᠰᠤᠷᠲᠠᠯᠲᠤ ᠯᠤᠭ᠎ᠠ ᠮᠠᠰᠢ ᠲᠡᠩᠴᠡᠮᠦᠢ᠂ ᠪᠠᠰᠠ ᠬᠣᠷᠢᠨ ᠨᠠᠰᠤ ᠬᠦᠷᠴᠦ ᠮᠥᠨ ᠬᠦᠷᠭᠡᠨ ᠳ᠋ᠦ᠍ᠷ ᠥᠭᠬᠦ ᠴᠠᠭ ᠪᠣᠯᠵᠤᠬᠤᠢ᠃ ᠡᠵᠡᠨ ᠡᠨᠡ ᠭᠠᠪᠢᠶ᠎ᠠ ᠪᠠᠢᠭᠤᠯᠤᠭᠰᠠᠨ ᠲᠠᠰᠢᠷᠠᠮ ᠳ᠋ᠤᠷ ᠬᠣᠶᠠᠷ ᠬᠡᠦᠬᠡᠳ ᠢ᠋ ᠪᠠᠷᠢᠯᠳᠤᠭᠤᠯᠪᠠᠰᠤ ᠮᠠᠰᠢ ᠵᠣᠬᠢᠬᠤ ᠮᠡᠲᠦ᠃ 》 ᠬᠡᠮᠡᠭᠰᠡᠨ ᠳ᠋ᠦ᠍ᠷ ᠲᠠᠢᠽᠦ ᠪᠡᠶᠡᠰᠦᠨ ᠥᠭᠦᠯᠡᠷᠦᠨ :《ᠮᠡᠷᠭᠡᠨ ᠬᠠᠲᠤᠨ ᠤ᠋ ᠰᠠᠨᠠᠭᠠᠨ ᠴᠢᠪᠬᠢᠲᠡᠯ᠎ᠡ ᠮᠢᠨᠦ ᠰᠡᠳᠬᠢᠯ ᠳ᠋ᠦ᠍ᠷ ᠨᠡᠢᠴᠡᠪᠡ᠃ 》 ᠭᠡᠮᠡᠨ ᠰᠠᠢᠬᠠᠨ ᠰᠤᠷᠲᠠᠯᠲᠤ ᠶ᠋ᠢ ᠳᠠᠭᠤᠳᠠᠨ ᠠᠴᠢᠷᠠᠭᠤᠯᠪᠠ᠃ ᠲᠡᠳᠦᠢ ᠰᠠᠢᠬᠠᠨ ᠰᠤᠷᠲᠠᠯᠲᠤ ᠮᠥᠷᠭᠥᠵᠦ ᠵᠣᠯᠭᠠᠭᠠᠳ ᠲᠠᠢᠽᠦ ᠳ᠋ᠦ᠍ᠷ ᠮᠡᠳᠡᠭᠦᠯᠦᠷᠦᠨ : 《 ᠪᠣᠭᠣᠯ ᠪᠢ ᠵᠠᠮ ᠳ᠋ᠤᠷ ᠳᠣᠪᠲᠣᠯᠤᠭᠰᠠᠭᠠᠷ ᠶᠠᠳᠠᠵᠤ᠂ ᠨᠢᠭᠡᠨ ᠵᠦᠯᠭᠡ ᠳ᠋ᠦ᠍ᠷ ᠬᠡᠪᠲᠡᠵᠦ ᠪᠠᠬᠠᠨ ᠰᠡᠭᠬᠢᠬᠦᠶᠡ ᠭᠤᠲᠤᠯ ᠢ᠋ᠶ᠋ᠠᠨ ᠲᠠᠢᠯᠵᠤ ᠬᠡᠪᠲᠡᠵᠦ ᠪᠦᠬᠦᠢ ᠳ᠋ᠦ᠍ᠷ ᠬᠠᠷ᠎ᠠ ᠡᠳᠦᠷ ᠢ᠋ᠶ᠋ᠡᠷ ᠨᠢᠭᠡᠨ ᠣᠭᠣᠯᠢ ᠰᠢᠪᠠᠭᠤ ᠪᠣᠭᠣᠯ ᠮᠢᠨᠦ ᠪᠡᠶ᠎ᠡ ᠶ᠋ᠢ ᠲᠣᠭᠣᠷᠢᠵᠤ ᠵᠠᠵᠢᠭᠠᠨᠠᠨ ᠳᠤᠤᠭᠠᠷᠬᠤᠢ ᠳ᠋ᠤᠷ ᠪᠣᠭᠣᠯ ᠪᠢ ᠶᠠᠭᠠᠷᠠᠨ ᠥᠷᠥᠭᠡᠰᠦᠨ ᠭᠤᠲᠤᠯ ᠢ᠋ᠶ᠋ᠠᠷ ᠴᠣᠬᠢᠪᠠᠰᠤ᠂ ᠭᠤᠲᠤᠯ ᠤ᠋ᠨ ᠳᠣᠲᠣᠷ᠎ᠠ ᠠ᠋ᠴᠠ ᠬᠠᠷᠢᠨ ᠨᠢᠭᠡᠨ ᠤᠯᠠᠭᠠᠨ ᠬᠦᠵᠦᠭᠦᠦ ᠨᠣᠭᠣᠭᠠᠨ ᠪᠡᠶ᠎ᠡ ᠲᠡᠢ ᠳᠣᠯᠣᠭᠠᠨ ᠢᠮᠠᠬᠤ ᠤᠷᠲᠤ ᠬᠣᠣᠷᠠᠲᠤ ᠮᠣᠭᠠᠢ ᠤᠨᠠᠪᠠᠢ᠃ ᠡᠳᠡᠭᠡᠷ ᠴᠥᠮ ᠡᠵᠡᠨ ᠦ᠌ ᠰᠠᠬᠢᠭᠤᠯᠰᠤᠨ ᠢᠪᠡᠭᠡᠬᠦ ᠪᠣᠯᠠᠢ !》ᠬᠡᠮᠡᠬᠦᠢ ᠳ᠋ᠦ᠍ᠷ ᠲᠠᠢᠽᠦ ᠮᠦᠰᠢᠶᠡᠵᠦ ᠥᠴᠢᠷᠦᠨ :
ᠮᠠᠭᠤ ᠢᠷᠣ᠎ᠠ ᠲᠠᠢ ᠣᠭᠣᠯᠢ
ᠮᠠᠰᠢ ᠵᠢᠭᠰᠢᠭᠦᠷᠢᠲᠦ ᠪᠥᠭᠡᠲᠡᠯ᠎ᠡ
ᠮᠠᠨᠳᠤᠬᠤ ᠲᠦᠰᠢᠮᠡᠯ ᠴᠢᠮ᠎ᠠ ᠳ᠋ᠤᠷ
ᠮᠠᠭᠠᠳ ᠪᠠᠶᠠᠷ ᠤ᠋ᠨ ᠬᠤᠪᠢᠯᠭᠠᠨ ᠪᠣᠯᠵᠤᠬᠤᠢ᠃
ᠮᠠᠴᠤᠯᠬᠢᠯᠠᠨ ᠵᠢᠳᠬᠦᠭᠰᠡᠨ ᠭᠠᠪᠢᠶ᠎ᠠ ᠳ᠋ᠤᠷ
ᠮᠠᠨ ᠤ᠋ ᠤᠯᠤᠰ ᠤ᠋ᠨ ᠬᠠᠲᠤᠳ᠂
ᠮᠠᠩᠨᠤᠭ ᠭᠤᠸ᠎ᠠ ᠬᠣᠩᠭᠣᠷ ᠵᠤᠯᠠ ᠶ᠋ᠢ
ᠮᠠᠷᠭᠤᠯ ᠦᠭᠡᠶ᠎ᠡ ᠴᠢᠮ᠎ᠠ ᠳ᠋ᠤᠷ᠂
ᠪᠡᠷᠢ ᠪᠣᠯᠭᠠᠨ ᠥᠭᠭᠦᠮᠥᠢ ᠭᠡᠮᠡᠨ
ᠪᠡᠷᠬᠡ ᠬᠣᠯᠠ ᠬᠣᠲᠠ ᠠ᠋ᠴᠠ
ᠪᠡᠯᠡᠭᠲᠦ ᠡᠯᠴᠢ ᠪᠡᠷ ᠳᠠᠭᠤᠳᠠᠭᠤᠯᠪᠠ
ᠪᠡᠶ᠎ᠡ ᠪᠡᠷ ᠣᠷᠣᠵᠤ ᠮᠥᠷᠭᠥᠲᠦᠭᠡᠢ !ᠬᠡᠮᠡᠭᠰᠡᠨ ᠳ᠋ᠦ᠍ᠷ ᠮᠠᠭᠲᠠᠯᠲᠠᠢ ᠰᠠᠢᠬᠠᠨ ᠰᠤᠷᠲᠠᠯᠲᠤ ᠮᠠᠯᠠᠭ᠎ᠠ ᠶᠤᠭᠠᠨ ᠠᠪᠴᠤ ᠮᠠᠭᠰᠢᠨ ᠪᠠᠶᠠᠷᠯᠠᠵᠤ ᠮᠥᠷᠭᠥᠭᠡᠳ ᠮᠢᠷᠠᠯᠵᠠᠬᠤ ᠦᠷᠭᠦᠭᠡᠨ᠎ᠡ ᠡᠣᠷᠣᠵᠤ ᠤᠯᠤᠰ ᠤ᠋ᠨ ᠬᠠᠲᠤᠨ ᠪᠥᠷᠲᠡᠭᠡᠯᠵᠢᠨᠡ ᠳ᠋ᠦ᠍ ᠤᠷᠤᠭ᠍ᠰᠢ ᠬᠢᠴᠢᠶᠡᠩᠭᠦᠢᠯᠡᠨ ᠰᠥᠭᠥᠳᠴᠦ ᠤᠯᠠᠮᠵᠢᠯᠠᠬᠤ ᠵᠠᠬᠢᠶ᠎ᠠ ᠶ᠋ᠢ ᠰᠣᠨᠣᠰᠴᠤ ᠤᠬᠤᠷᠢᠨ ᠭᠠᠷᠴᠤ ᠢᠷᠡᠭᠡᠳ ᠤᠳᠤᠷᠢᠳᠬᠤ ᠡᠵᠡᠨ ᠦ᠌ ᠵᠠᠭᠤᠴᠢ ᠣᠶᠤᠨ ᠭᠤᠸ᠎ᠠ ᠶ᠋ᠢ ᠳᠠᠭᠠᠵᠤ᠂ ᠤᠷᠢᠳᠠ ᠮᠤᠬᠤᠯᠢ ᠳ᠋ᠤᠷ ᠮᠥᠷᠭᠥᠵᠦ᠂ ᠤᠷᠢᠳᠠ ᠡᠴᠢᠭᠡ ᠳ᠋ᠦ᠍ᠷ ᠶᠣᠰᠣᠯᠠᠭᠠᠳ ᠮᠠᠯ ᠮᠥᠩᠭᠥ ᠪᠠᠷᠢᠨ ᠲᠤᠰᠢᠶᠠᠵᠤ ᠮᠠᠭᠠᠳ ᠪᠡᠯᠡᠭ ᠢ᠋ᠶ᠋ᠡᠨ ᠲᠠᠯᠪᠢᠪᠠ᠃ ᠬᠣᠩᠭᠣᠷ ᠵᠤᠯᠠ ᠬᠡᠦᠬᠡᠨ ᠦ᠌ ᠲᠥᠷᠬᠥᠮ ᠪᠠ ᠲᠡᠵᠢᠭᠡᠭᠰᠡᠨ ᠬᠣᠶᠠᠷ ᠭᠡᠷ ᠦ᠋ᠨ ᠬᠣᠲᠠᠯᠠᠭᠠᠷ᠂ ᠲᠠᠢᠽᠦ ᠪᠠ ᠬᠠᠲᠤᠨ ᠤ᠋ ᠰᠠᠢᠨ ᠬᠦᠷᠭᠡᠨ ᠣᠯᠵᠤ ᠥᠭᠭᠦᠭᠰᠡᠨ ᠬᠡᠰᠢᠭ ᠲᠣᠷ ᠮᠥᠷᠭᠥᠯᠴᠡᠪᠡ᠃
ᠲᠡᠳᠦᠢ ᠪᠧᠲ᠋ᠠ᠋ ᠤᠯᠤᠰ ᠨᠡᠢᠭᠡᠮ ᠶᠡᠬᠡ ᠪᠣᠯᠵᠤ᠂ ᠲᠡᠢᠨ ᠳᠠᠢᠰᠤᠨ ᠳᠠᠷᠤᠭᠳᠠᠨ ᠠᠮᠤᠷ ᠲᠦᠪᠰᠢᠨ ᠠᠮᠤᠭᠤᠯᠠᠩ ᠵᠢᠷᠭᠠᠯᠠᠩᠲᠠᠢ ᠵᠢᠯ ᠢ᠋ ᠥᠩᠭᠡᠷᠡᠵᠦ ᠬᠠᠷ᠎ᠠ ᠨᠣᠬᠠᠢ ᠵᠢᠯ ᠦ᠋ᠨ ᠬᠠᠪᠤᠷ ᠪᠣᠯᠵᠤ᠂ ᠲᠠᠢᠽᠦ ᠬᠠᠲᠤᠨ ᠬᠣᠶᠠᠭᠤᠯᠠ ᠬᠠᠷᠠᠬᠠᠨ ᠳᠥᠷᠪᠡᠨ ᠬᠦᠯᠦᠭ᠂ ᠶᠢᠰᠦᠨ ᠡᠩ᠂ ᠵᠢᠷᠭᠤᠭᠠᠨ ᠰᠠᠢᠳ ᠤ᠋ᠨ ᠬᠡᠦᠬᠡᠳ ᠳᠡᠭᠦᠦ ᠨᠠᠷ ᠠ᠋ᠴᠠ ᠬᠦᠷᠭᠡᠨ ᠰᠣᠩᠭᠣᠬᠤ ᠪᠠ ᠪᠡᠷᠢ ᠠᠪᠤᠭᠠᠳᠤᠢ ᠬᠡᠦᠬᠡᠳ ᠲᠣᠷ ᠪᠡᠷᠢ ᠰᠣᠩᠭᠣᠬᠤ ᠶ᠋ᠢ ᠳᠡᠭᠡᠭᠰᠢ ᠥᠭᠡᠯᠦᠨ ᠦᠵᠢᠨ ᠳ᠋ᠦ᠍ᠷ ᠮᠡᠳᠡᠭᠦᠯᠬᠦ ᠶ᠋ᠢ ᠵᠥᠪᠳᠡᠨ ᠬᠡᠯᠡᠯᠴᠡᠵᠦ ᠪᠠᠢᠲᠠᠯ᠎ᠠ ᠭᠠᠳᠠᠨ᠎ᠠ ᠤᠯᠤᠰ ᠤ᠋ᠨ ᠶᠡᠬᠡ ᠬᠡᠪᠴᠢᠶᠡᠲᠦ ᠴᠢᠬᠤᠯᠠ ᠬᠡᠷᠡᠭ ᠮᠡᠳᠡᠭᠦᠯᠬᠦ ᠲᠡᠮᠳᠡᠭ ᠳᠣᠬᠢᠶ᠎ᠠ ᠴᠣᠬᠢᠭ᠍ᠰᠠᠨᠠ᠂ ᠲᠠᠢᠽᠦ ᠳᠡᠪᠡᠯ ᠮᠠᠯᠠᠭ᠎ᠠ ᠡᠮᠦᠰᠴᠦ ᠵᠠᠯᠠᠷᠠᠰᠤᠭᠠᠢ ᠬᠡᠮᠡᠵᠦ ᠪᠠᠢᠲᠠᠯ᠎ᠠ ᠭᠠᠳᠠᠨ᠎ᠠ ᠪᠠᠰᠠ ᠬᠣᠶᠠᠳᠤᠭᠠᠷ ᠵᠠᠯᠠᠯᠭ᠎ᠠ ᠶ᠋ᠢᠨ ᠶᠣᠰᠣᠭᠠᠷ ᠶᠡᠬᠡ ᠫᠤᠤ ᠶ᠋ᠢᠨ ᠳᠠᠭᠤᠨ ᠭᠠᠷᠴᠤ ᠬᠠᠷᠠᠩᠭ᠎ᠠ ᠬᠡᠩᠭᠡᠷᠭᠡ ᠴᠣᠬᠢᠵᠤ ᠲᠠᠢᠽᠦ ᠶ᠋ᠢ ᠵᠠᠯᠠᠬᠤ ᠬᠥᠭᠵᠢᠮ ᠡᠭᠦᠰᠬᠡᠪᠡ᠃ ᠡᠨᠡ ᠢᠨᠦ ᠪᠠᠰᠠ ᠠᠯᠢ ᠡᠲᠡᠭᠡᠳ ᠡᠴᠡ ᠲᠡᠢᠨ ᠳᠠᠢᠰᠤᠨ ᠳᠡᠭᠳᠡᠵᠦ᠂ ᠠᠮᠤᠷ ᠦᠭᠡᠢ ᠬᠡᠷᠡᠭ ᠭᠠᠷᠤᠭᠰᠠᠨ ᠢ᠋ ᠮᠡᠳᠡᠬᠦ ᠦᠭᠡᠢ᠂ ᠦᠵᠡᠬᠦ ᠮᠡᠷᠭᠡᠳ ᠡᠭᠦᠨ ᠦ᠌ ᠶᠠᠮᠪᠠᠷ ᠤᠴᠢᠷ ᠢ᠋ ᠮᠡᠳᠡᠰᠦᠭᠡᠢ ᠬᠡᠮᠡᠪᠡᠰᠦ ᠰᠤᠳᠤᠷᠴᠢ ᠮᠢᠨᠦ ᠪᠢᠴᠢᠭ ᠦ᠋ᠨ ᠭᠡᠷ ᠦ᠋ᠨ 《ᠰᠠᠷᠠᠨ ᠪᠠᠶᠠᠰᠬᠤᠯᠠᠩ ᠪᠥᠷᠭᠡ 》 ᠶ᠋ᠢᠨ ᠰᠡᠯᠮᠡᠭᠦᠨ ᠱᠠ ᠴᠣᠩᠬᠣ ᠶ᠋ᠢ ᠬᠢᠯᠭᠡᠵᠦ᠂ ᠰᠡᠯᠮᠡᠭᠦᠨ ᠰᠡᠷᠢᠭᠦᠨ ᠢ᠋ᠶ᠋ᠡᠷ ᠵᠠᠯᠭᠠᠨ ᠪᠢᠴᠢᠭᠰᠡᠨ ᠳᠣᠣᠷᠠᠲᠤ ᠳᠡᠪᠲᠡᠷ ᠲᠣᠷ ᠢᠯᠭᠠᠨ ᠰᠠᠯᠭᠠᠵᠤ ᠭᠠᠷᠭᠠᠭᠰᠠᠨ ᠢ᠋ ᠬᠦᠯᠢᠶᠡᠵᠦ ᠬᠢᠨᠠᠨ ᠦᠵᠡᠭᠳᠡᠬᠦᠢ !
ᠰᠤᠳᠤᠷᠴᠢ ᠲᠦᠰᠢᠮᠡᠯ ᠦ᠋ᠨ ᠰᠤᠯᠠ ᠰᠢᠯᠦᠭ ᠠᠨᠤ :
ᠠᠮᠲᠠ ᠦᠭᠡᠢ ᠲᠣᠳᠣ ᠶ᠋ᠢᠨ ᠰᠡᠪ ᠰᠡᠳᠡᠭ ᠬᠡᠲᠦᠷᠬᠡᠢ ᠣᠯᠠᠨ
ᠠᠮᠠᠯᠢᠭ᠋ ᠬᠤᠷᠴᠠ ᠰᠢᠯ ᠦᠵᠡᠰᠬᠦᠯᠡᠩ ᠦ᠋ᠨ ᠤᠴᠢᠷ ᠢ᠋ ᠮᠡᠳᠡᠬᠦ ᠮᠠᠰᠢ ᠨᠠᠷᠢᠨ᠂
ᠠᠰᠤᠷᠤ ᠰᠡᠷᠭᠦᠯᠡᠩ ᠰᠣᠯᠤᠩᠭᠤᠸ᠎ᠠ ᠶ᠋ᠢᠨ ᠥᠭᠦᠯᠡᠬᠦ ᠥᠴᠢᠬᠦ ᠦᠨᠡᠬᠡᠷ ᠶᠣᠰᠣ
ᠠᠳᠠᠪᠠᠰᠢ ᠬᠥᠭᠡᠷᠦᠬᠦᠢ ᠠᠯᠲᠠᠨᠱᠠᠭ᠎ᠠ ᠶ᠋ᠢᠨ ᠳᠠᠭᠠᠷ᠎ᠠ ᠢᠷᠡᠬᠦ ᠠᠶ᠎ᠠ ᠶᠠᠭᠤᠲᠠᠢ ᠭᠠᠰᠢᠭᠤᠨ ?
