ᠬᠥᠬᠡ ᠰᠤᠳᠤᠷ - ᠢᠨᠵᠠᠨᠨᠠᠰᠢ <ᠭᠤᠴᠢᠨ ᠲᠠᠪᠤᠳᠤᠭᠠᠷ ᠪᠦᠯᠦᠭ > Хөх судар - Инжинаш <Гучин тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠲᠠᠪᠤᠳᠤᠭᠠᠷ ᠪᠦᠯᠦᠭ > Хөх судар - Инжинаш <Гучин тавдугаар бүлэг >

ᠬᠥᠬᠡ ᠰᠤᠳᠤᠷ - ᠢᠨᠵᠠᠨᠨᠠᠰᠢ <ᠭᠤᠴᠢᠨ ᠲᠠᠪᠤᠳᠤᠭᠠᠷ ᠪᠦᠯᠦᠭ > Хөх судар - Инжинаш <Гучин тавдугаар бүлэг >

ᠠᠩᠭᠢᠯᠠᠯ:ᠲᠡᠦᠬᠡ ᠰᠣᠶᠣᠯ
2023-08-30

378

ᠣᠮᠣᠭᠲᠤ ᠠᠷᠰᠯᠠᠨ ᠴᠠᠰ ᠠᠭᠤᠯᠠ ᠪᠠᠨ ᠲᠡᠪᠴᠢᠵᠦ ᠤᠯᠠᠭᠠᠨ ᠨᠠᠷᠠᠨ ᠢ᠋ ᠪᠠᠷᠢᠷ᠎ᠠ ᠲᠡᠪᠬᠡᠯᠡᠪᠡ

ᠣᠶᠤᠨᠲᠤ ᠮᠤᠬᠤᠯᠢ ᠬᠠᠷ᠎ᠠ ᠬᠢᠭᠦᠯ ᠳ᠋ᠦ᠍ᠷ ᠪᠠᠭᠤᠳᠠᠯᠯᠠᠵᠤ ᠴᠠᠭᠠᠨ ᠴᠡᠰᠤᠨ᠎ᠠ ᠪᠠᠢᠯᠳᠤᠷ᠎ᠠ ᠭᠠᠷᠪᠠ


                      ᠭᠤᠴᠢᠨ ᠲᠠᠪᠤᠳᠤᠭᠠᠷ ᠪᠦᠯᠦᠭ 
                                        ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠲᠠᠢ ᠶ᠋ᠢᠨ ᠳᠥᠷᠪᠡᠳᠦᠭᠡᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ 
                                        ᠲᠠᠢ ᠾᠧ ᠶ᠋ᠢᠨ ᠳᠥᠷᠪᠡᠳᠦᠭᠡᠷ ᠣᠨ ᠂ ᠬᠥᠬᠡ ᠬᠤᠯᠤᠭᠠᠨ᠎ᠠ ᠵᠢᠯ ᠂ ᠲᠠᠢᠽᠦ ᠳᠥᠴᠢᠨ ᠭᠤᠷᠪᠠᠨ ᠰᠡᠭᠦᠳᠡᠷ ᠲᠡᠢ  

                ᠣᠮᠣᠭᠲᠤ ᠠᠷᠰᠯᠠᠨ ᠴᠠᠰ ᠠᠭᠤᠯᠠ ᠪᠠᠨ ᠲᠡᠪᠴᠢᠵᠦ ᠤᠯᠠᠭᠠᠨ ᠨᠠᠷᠠᠨ ᠢ᠋ ᠪᠠᠷᠢᠷ᠎ᠠ ᠲᠡᠪᠬᠡᠯᠡᠪᠡ 
                ᠣᠶᠤᠨᠲᠤ ᠮᠤᠬᠤᠯᠢ ᠬᠠᠷ᠎ᠠ ᠬᠢᠭᠦᠯ ᠳ᠋ᠦ᠍ᠷ ᠪᠠᠭᠤᠳᠠᠯᠯᠠᠵᠤ ᠴᠠᠭᠠᠨ ᠴᠡᠰᠤᠨ᠎ᠠ ᠪᠠᠢᠯᠳᠤᠷ᠎ᠠ ᠭᠠᠷᠪᠠ  

       ᠲᠡᠨᠳᠡᠴᠡ ᠠᠷᠰᠯᠠᠨ ᠬᠠᠭᠠᠨ ᠴᠠᠰ ᠠᠭᠤᠯᠠ ᠶ᠋ᠢ ᠪᠠᠢᠯᠳᠤᠭᠠᠨ ᠤ᠋ ᠪᠢᠴᠢᠭ ᠪᠠᠷᠢᠭᠤᠯᠵᠤ ᠪᠧᠲ᠋ᠠ᠋ ᠤᠯᠤᠰ ᠤ᠋ᠨ ᠬᠦᠷᠢᠶ᠎ᠡ ᠳ᠋ᠦ᠍ᠷ ᠢᠯᠡᠭᠡᠬᠦᠢ ᠳ᠋ᠦ᠍ᠷ ᠴᠠᠰ ᠠᠭᠤᠯᠠ ᠬᠦᠯᠢᠶᠡᠨ ᠠᠪᠴᠤ ᠢᠨᠢᠶᠡᠨ ᠮᠡᠳᠡᠭᠦᠯᠦᠷᠦᠨ :《 ᠡᠵᠡᠨ ᠲᠦᠰᠢᠮᠡᠯ ᠨᠠᠮᠠᠶ᠋ᠢ ᠠᠯᠠᠪᠠᠰᠤ ᠪᠠᠷᠠᠬᠤ ᠪᠣᠯᠠᠢ᠂ ᠣᠨᠴᠠ ᠪᠧᠲ᠋ᠠ᠋ ᠤᠯᠤᠰ ᠲᠤᠷ ᠢᠯᠡᠭᠡᠵᠦ ᠡᠭᠡᠵᠦ ᠢᠷᠡᠭᠰᠡᠨ ᠬᠣᠢᠨ᠎ᠠ ᠠᠯᠠᠬᠤ ᠠᠨᠤ ᠢᠯᠡᠭᠦᠴᠡ ᠬᠡᠷᠡᠭ᠃ ᠨᠡᠩ ᠪᠠᠰᠠ ᠬᠣᠢᠴᠢ ᠡᠳᠦᠷ ᠡᠩ ᠦ᠋ᠨ ᠬᠥᠮᠦᠨ ᠢ᠋ ᠡᠨᠡ ᠮᠡᠲᠦ ᠵᠠᠷᠤᠬᠤ ᠠᠨᠤ ᠦᠯᠦ ᠪᠣᠯᠬᠤ᠃ ᠲᠡᠷᠡ ᠬᠣᠶᠠᠷ ᠲᠡᠰᠢ ᠴᠥᠮ ᠠᠯᠠᠭᠳᠠᠬᠤ ᠲᠤᠯᠠ ᠰᠢᠭᠤᠳ ᠤᠷᠪᠠᠬᠤ ᠠᠨᠤ ᠨᠢᠭᠡᠨᠲᠡ ᠲᠣᠭᠲᠠᠭᠰᠠᠨ ᠬᠡᠷᠡᠭ᠂ ᠡᠨᠡ ᠢᠨᠦ ᠡᠵᠡᠨ ᠥᠪᠡᠷ ᠦ᠋ᠨ ᠲᠦᠰᠢᠮᠡᠯ ᠢ᠋ ᠥᠪᠡᠷ ᠢ᠋ᠶ᠋ᠡᠨ ᠰᠢᠬᠠᠮᠳᠠᠭᠤᠯᠤᠨ ᠤᠷᠪᠠᠭᠤᠯᠬᠤ ᠬᠡᠷᠡᠭ᠂ ᠡᠵᠡᠨ ᠦ᠌ ᠰᠠᠨᠠᠭᠠᠨ ᠳ᠋ᠤᠷ ᠲᠦᠰᠢᠮᠡᠯ ᠨᠠᠮᠠᠶ᠋ᠢ ᠪᠧᠲ᠋ᠠ᠋ ᠤᠯᠤᠰ ᠢ᠋ᠶ᠋ᠠᠷ ᠠᠯᠠᠭᠤᠯᠵᠤ᠂ ᠴᠡᠷᠢᠭ ᠦ᠋ᠨ ᠳᠡᠢᠯᠬᠦ ᠳᠡᠢᠯᠦᠭᠳᠡᠬᠦ ᠶ᠋ᠢ ᠪᠦᠦ ᠦᠵᠡᠭᠦᠯᠰᠦᠭᠡᠢ ᠬᠡᠮᠡᠭᠰᠡᠨ ᠰᠠᠨᠠᠭᠠᠨ᠃ ᠪᠧᠲ᠋ᠠ᠋ ᠤᠯᠤᠰ ᠬᠡᠷᠬᠢᠪᠡᠴᠦ ᠲᠦᠰᠢᠮᠡᠯ ᠨᠠᠮᠠᠶ᠋ᠢ ᠠᠯᠠᠬᠤ ᠦᠭᠡᠢ᠃ ᠲᠡᠷᠡ ᠬᠡᠮᠡᠭᠴᠢ ᠶᠡᠬᠡ ᠰᠠᠨᠠᠭᠠᠨ ᠠᠬᠤᠭᠤᠯᠬᠤ ᠤᠯᠤᠰ᠂ ᠥᠴᠦᠬᠡᠨ ᠠᠭᠤᠷ ᠢ᠋ ᠦᠯᠦ ᠲᠡᠮᠡᠴᠡᠮᠦᠢ᠂ ᠡᠭᠡᠵᠦ ᠢᠷᠡᠭᠰᠡᠨ ᠬᠣᠢᠨ᠎ᠠ ᠡᠵᠡᠨ ᠴᠢ ᠠᠯᠠᠲᠤᠭᠠᠢ!》ᠭᠡᠮᠡᠨ ᠪᠢᠴᠢᠭ ᠢ᠋ ᠡᠭᠦᠷᠴᠦ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠢᠷᠡᠪᠡ᠃ ᠦᠨᠡᠨ ᠬᠦ᠌ ᠮᠡᠷᠭᠡᠨ ᠪᠧᠲ᠋ᠠ᠋ ᠤᠯᠤᠰ ᠶᠠᠭᠠᠬᠢᠨ ᠤᠭᠲᠤᠵᠤ ᠮᠡᠳᠡᠪᠡ ? ᠬᠡᠮᠡᠪᠡᠰᠦ ᠲᠠᠢᠯᠤᠨ ᠮᠡᠳᠡᠭᠦᠯᠬᠦ ᠶ᠋ᠢ ᠰᠣᠨᠣᠰ : ᠡᠨᠡ ᠬᠠᠷᠯᠢᠭᠤᠳ ᠤᠯᠤᠰ ᠤ᠋ᠨ ᠠᠷᠰᠯᠠᠨ ᠬᠠᠭᠠᠨ ᠢ᠋ ᠪᠧᠲ᠋ᠠ᠋ ᠤᠯᠤᠰ ᠤ᠋ᠨ ᠮᠤᠬᠤᠯᠢ ᠬᠡᠳᠦᠢᠨᠡᠢ ᠰᠡᠵᠢᠭᠯᠡᠵᠦ᠂ ᠬᠣᠶᠠᠷ ᠣᠨ ᠤ᠋ ᠤᠷᠢᠳ ᠳᠠᠷᠤᠢ ᠤᠯᠤᠰ ᠤ᠋ᠨ ᠵᠠᠬ᠎ᠠ ᠳ᠋ᠤᠷ ᠬᠠᠷᠠᠭᠤᠯ ᠪᠠᠢᠭᠤᠯᠵᠤ᠂ ᠪᠠᠰᠠ ᠡᠳ᠋ ᠢ᠋ᠶ᠋ᠡᠷ ᠬᠠᠷᠯᠢᠭᠤᠳ ᠤᠯᠤᠰ ᠤ᠋ᠨ ᠳᠣᠲᠣᠷᠠᠬᠢ ᠬᠡᠳᠦᠨ ᠪᠠᠭ᠎ᠠ ᠲᠦᠰᠢᠮᠡᠳ ᠯᠦ᠋ᠭᠡ ᠬᠠᠨᠢᠯᠠᠭᠤᠯᠤᠨ ᠶᠠᠪᠤᠯᠴᠠᠭᠤᠯᠵᠤ᠂ ᠡᠳᠦᠭᠡ ᠪᠠᠰᠠ ᠵᠡᠭᠦᠨ ᠭᠣᠷᠯᠣᠰ ᠤ᠋ᠨ ᠡᠵᠡᠨ ᠨᠠᠷᠠᠨ ᠬᠠᠭᠠᠨ ᠢ᠋ ᠤᠯᠤᠰ ᠤ᠋ᠨ ᠵᠠᠬ᠎ᠠ ᠬᠠᠷ᠎ᠠ ᠬᠢᠭᠦᠯ ᠳ᠋ᠦ᠍ᠷ ᠬᠠᠷᠠᠭᠤᠯ ᠪᠣᠯᠭᠠᠨ ᠰᠠᠭᠤᠯᠭᠠᠵᠤ᠂ ᠡᠭᠦᠷᠢᠳᠡ ᠬᠡᠳᠦᠨ ᠲᠡᠩᠰᠡᠭᠦᠯ ᠢ᠋ ᠬᠠᠷᠯᠢᠭᠤᠳ ᠤᠯᠤᠰ ᠤ᠋ᠨ ᠳᠣᠲᠣᠷ᠎ᠠ ᠴᠢᠮᠡᠭᠡ ᠠᠪᠤᠭᠤᠯᠵᠤ ᠪᠠᠢᠭᠰᠠᠨ ᠲᠤᠯᠠ ᠡᠳᠦᠭᠡ ᠬᠠᠷᠯᠢᠭᠤᠳ ᠤᠯᠤᠰ ᠲᠠᠩᠭᠤᠳ ᠤ᠋ᠨ ᠡᠯᠴᠢ ᠶ᠋ᠢ ᠪᠠᠷᠢᠭᠰᠠᠨ ᠢ᠋ ᠰᠣᠨᠣᠰᠴᠤ ᠪᠧᠲ᠋ᠠ᠋ ᠤᠯᠤᠰ ᠤ᠋ᠨ ᠲᠡᠩᠰᠡᠭᠦᠯ ᠳᠠᠷᠤᠢ ᠬᠠᠷᠯᠢᠭᠤᠳ ᠤᠯᠤᠰ ᠤ᠋ᠨ ᠵᠠᠬ᠎ᠠ ᠬᠣᠲᠠᠨ ᠳ᠋ᠤᠷ ᠣᠷᠣᠵᠤ ᠰᠤᠷᠠᠭᠯᠠᠨ ᠪᠥᠬᠥᠶ᠎ᠡ᠂ ᠲᠠᠩᠭᠤᠳ ᠤ᠋ᠨ ᠡᠯᠴᠢ ᠶ᠋ᠢ ᠠᠯᠠᠭᠰᠠᠨ ᠦᠭᠡᠢ ᠲᠠᠯᠪᠢᠨ ᠭᠠᠷᠭᠠᠪᠠ ᠭᠡᠮᠡᠨ ᠶᠠᠭᠠᠷᠠᠨ ᠵᠠᠮ ᠲᠣᠰᠴᠤ ᠤᠴᠢᠷ ᠢ᠋ ᠠᠰᠠᠭᠤᠵᠤ ᠣᠯᠤᠭᠠᠳ ᠳᠠᠭᠠᠯᠳᠤᠭ᠎ᠠ ᠴᠡᠷᠢᠭ ᠭᠠᠷᠤᠮᠤᠢ ᠭᠡᠮᠡᠨ ᠲᠡᠷᠢᠭᠦᠯᠡᠭᠰᠡᠨ ᠲᠦᠰᠢᠮᠡᠯ ᠢ᠋ᠶ᠋ᠡᠨ ᠪᠠᠷᠢᠭᠰᠠᠨ ᠢ᠋ ᠴᠥᠮ ᠣᠯᠵᠤ ᠰᠣᠨᠣᠰᠤᠮᠠᠭᠴᠠ ᠡᠨᠡ ᠬᠡᠷᠡᠭ ᠶᠡᠬᠡᠳᠡ ᠪᠠᠴᠢᠮ ᠢ᠋ ᠮᠡᠳᠡᠭᠡᠳ ᠳᠠᠷᠤᠢ ᠳᠣᠪᠲᠣᠯᠤᠨ ᠢᠷᠡᠵᠦ ᠮᠡᠳᠡᠭᠦᠯᠦᠭᠰᠡᠨ ᠳ᠋ᠦ᠍ᠷ ᠮᠤᠬᠤᠯᠢ ᠬᠠᠭᠠᠰ ᠰᠥᠨᠢ ᠪᠣᠳᠣᠭᠠᠳ ᠠᠷᠭ᠎ᠠ ᠲᠣᠭᠲᠠᠭᠠᠵᠤ᠂ ᠮᠡᠳᠡᠭᠡ  ᠪᠠᠷᠢᠭᠰᠠᠨ ᠲᠤᠷᠰᠢᠭᠤᠯ ᠳ᠋ᠤᠷ ᠬᠦᠨᠳᠦ ᠱᠠᠩ ᠥᠭᠴᠦ ᠡᠭᠡᠭᠦᠯᠦᠨ ᠢᠯᠡᠭᠡᠵᠦ᠄《ᠲᠡᠳᠡᠨ ᠦ᠌ ᠴᠡᠷᠢᠭ ᠮᠣᠷᠳᠠᠨ ᠭᠠᠷᠬᠤ ᠡᠳᠦᠷ ᠢ᠋ ᠯᠠᠪᠲᠠᠢ ᠰᠣᠨᠣᠰᠴᠤ ᠤᠷᠢᠳᠠ ᠪᠠᠷ ᠢᠷ᠎ᠡ᠂ ᠪᠢᠳᠡ ᠤᠭᠲᠤᠵᠤ ᠵᠣᠯᠭᠠᠭᠠᠳ ᠲᠡᠭᠦᠨ ᠦ᠌ ᠬᠡᠷᠡᠭᠯᠡᠭᠰᠡᠨ ᠠᠷᠭ᠎ᠠ ᠶ᠋ᠢ ᠬᠣᠭᠣᠰᠣᠳᠠᠭᠤᠯᠤᠨ ᠵᠠᠪᠬᠠᠷᠠᠭᠤᠯᠵᠤ ᠠᠭᠤᠷ ᠢ᠋ ᠠᠨᠤ ᠬᠦᠷᠦᠭᠦᠯᠦᠨ ᠤᠳᠤᠷᠢᠳᠤᠨ ᠪᠠᠢᠯᠳᠤᠵᠤ ᠡᠪᠳᠡᠰᠦᠭᠡᠢ !》ᠭᠡᠮᠡᠨ ᠶᠠᠪᠤᠭᠤᠯᠵᠤ᠂ ᠳᠠᠷᠤᠢ ᠲᠣᠷᠭᠠᠨ ᠰᠢᠷ᠎ᠠ᠂ ᠲᠠᠢ ᠰᠡᠴᠡᠨ᠂ ᠪᠤᠭᠤᠷᠵᠢ ᠨᠠᠷ ᠢ᠋ ᠬᠦᠯᠢᠶᠡᠵᠦ ᠲᠠᠢᠽᠦ ᠶ᠋ᠢᠨ ᠲᠠᠭᠲᠤ ᠳ᠋ᠤᠷ ᠢᠷᠡᠵᠦ ᠥᠷᠯᠥᠭᠡ ᠪᠠᠷᠠᠭᠠᠳᠠᠨ ᠬᠠᠷᠯᠢᠭᠤᠳ ᠤ᠋ᠨ ᠠᠷᠰᠯᠠᠨ ᠬᠠᠭᠠᠨ ᠤ᠋ ᠤᠴᠢᠷ ᠰᠢᠯᠲᠠᠭᠠᠨ ᠢ᠋ ᠮᠡᠳᠡᠭᠦᠯᠵᠦ᠂ ᠵᠠᠬᠢᠶ᠎ᠠ ᠬᠦᠯᠢᠶᠡᠬᠦᠢ ᠳ᠋ᠦ᠍ᠷ ᠲᠠᠢᠽᠦ ᠪᠠᠬᠠᠨ ᠮᠦᠰᠢᠶᠡᠵᠦ ᠥᠭᠦᠯᠡᠷᠦᠨ :《ᠠᠷᠰᠯᠠᠨ ᠤ᠋ ᠬᠦᠴᠦᠨ ᠶᠢᠯᠸᠢ᠍ᠰ ᠬᠤᠪᠢᠯᠭᠠᠨ ᠲᠠᠢ ᠮᠡᠲᠦ ᠪᠥᠭᠡᠲᠡᠯ᠎ᠡ ᠠᠷᠭ᠎ᠠ ᠮᠡᠬᠡ ᠪᠡᠷ ᠢ᠋ᠶ᠋ᠡᠨ ᠠᠯᠠᠭ ᠪᠥᠮᠪᠥᠭᠡ ᠯᠦ᠋ᠭᠡ ᠨᠠᠭᠠᠳᠤᠮᠤᠢ᠃ ᠠᠭᠤᠷ ᠬᠦᠷᠪᠡᠰᠦ ᠨᠠᠷᠠᠨ ᠰᠠᠷᠠᠨ ᠢ᠋ ᠵᠠᠯᠭᠢᠮᠤᠢ ᠭᠡᠮᠡᠨ ᠦᠰᠦᠷᠦᠭᠰᠡᠭᠡᠷ ᠠᠳᠤᠭᠤᠰᠤᠨ ᠤ᠋ ᠪᠡᠶ᠎ᠡ ᠪᠡᠨ ᠠᠰᠢᠳᠠ ᠪᠠᠯᠪᠠᠯᠠᠳᠠᠭ ᠪᠢᠰᠢ ᠦᠦ ? ᠨᠡᠩ ᠪᠠᠰᠠ ᠨᠢᠭᠡᠨ ᠵᠦᠢᠯ ᠦ᠋ᠨ ᠴᠢᠬᠤᠯᠠ ᠶᠡᠬᠡ ᠬᠡᠷᠡᠭ ᠪᠣᠢ᠂ ᠡᠨᠡ ᠵᠢᠯ ᠬᠥᠬᠡ ᠬᠤᠯᠤᠭᠠᠨ᠎ᠠ ᠵᠢᠯ ᠵᠢᠷᠠᠨ ᠣᠨ ᠤ᠋ ᠡᠬᠢ᠂ ᠪᠢ ᠳᠥᠴᠢᠨ ᠭᠤᠷᠪᠠᠨ ᠨᠠᠰᠤᠯᠠᠪᠠ᠃ ᠮᠠᠨ ᠤ᠋ ᠤᠭ ᠨᠤᠲᠤᠭ ᠡᠨᠡᠳᠬᠡᠭ ᠪᠥᠯᠥᠭᠡ᠃ ᠲᠡᠷᠡ ᠭᠠᠵᠠᠷ ᠲᠡᠭᠷᠢ ᠶ᠋ᠢᠨ ᠳᠤᠮᠳᠠᠳᠤ ᠭᠠᠵᠠᠷ ᠪᠤᠶᠤ᠂ ᠡᠷᠲᠡᠨ ᠦ᠌ ᠱᠠᠭᠢᠮᠤᠨᠢ ᠪᠤᠷᠬᠠᠨ ᠪᠠ ᠡᠯ᠎ᠡ ᠶᠡᠬᠡᠰ ᠬᠠᠭᠠᠳ ᠴᠥᠮ ᠲᠡᠷᠡ ᠭᠠᠵᠠᠷ ᠲᠥᠷᠥᠨ ᠰᠠᠭᠤᠷᠢᠨ ᠳ᠋ᠤᠷ ᠰᠠᠭᠤᠵᠤ ᠦᠢᠯᠡᠰ ᠢ᠋ ᠪᠦᠲᠦᠭᠡᠵᠦᠬᠦᠢ᠃ ᠡᠨᠡ ᠤᠳᠠᠭ᠎ᠠ ᠶ᠋ᠢᠨ ᠳᠠᠢᠰᠤᠨ᠎ᠠ ᠪᠢ ᠳᠠᠷᠤᠢ ᠰᠢᠭᠤᠳ ᠨᠡᠪᠲᠡᠯᠦᠨ ᠭᠠᠷᠴᠤ ᠲᠠᠩᠭᠤᠳ᠂ ᠲᠥᠪᠡᠳ ᠢ᠋ ᠳᠠᠭᠠᠷᠢᠨ᠂ ᠡᠨᠡ ᠡᠨᠡᠳᠬᠡᠭ ᠲᠣᠷ ᠬᠦᠷᠴᠦ ᠦᠵᠡᠰᠦᠭᠡᠢ᠃ ᠮᠠᠨ ᠤ᠋ ᠡᠨᠡ ᠬᠣᠢᠲᠤ ᠭᠠᠵᠠᠷ ᠨᠠᠷᠠᠨ ᠤ᠋ ᠢᠯᠴᠢ ᠬᠣᠯᠠ᠂ ᠭᠠᠵᠠᠷ ᠤ᠋ᠨ ᠬᠥᠷᠥᠰᠥ ᠨᠢᠮᠭᠡᠨ – ᠬᠦᠴᠦᠨ ᠦᠭᠡᠢ᠂ ᠶᠡᠬᠡ ᠦᠢᠯᠡᠰ ᠦᠯᠦ ᠪᠦᠲᠦᠮᠦᠢ᠃ ᠲᠡᠢᠨ ᠬᠦ᠌ ᠪᠢ ᠨᠢᠭᠡᠨ ᠳ᠋ᠦ᠍ᠷ ᠪᠠᠷᠠᠭᠤᠨ ᠠᠢᠮᠠᠭ ᠤᠯᠤᠰ ᠤ᠋ᠨ ᠰᠠᠨᠠᠭᠠᠨ ᠢ᠋ ᠦᠵᠡᠶ᠎ᠡ᠂ ᠬᠣᠶᠠᠷ ᠲᠤᠷ ᠡᠨᠡᠳᠬᠡᠭ ᠦ᠋ᠨ ᠭᠠᠵᠠᠷ᠎ᠠ ᠬᠦᠷᠴᠦ ᠪᠠᠢᠳᠠᠯ ᠢ᠋ ᠰᠢᠨᠵᠢᠨ ᠲᠠᠨ ᠤ᠋ ᠣᠯᠠᠨ ᠤ᠋ ᠶᠡᠬᠡ ᠰᠠᠨᠠᠭᠠᠨ ᠢ᠋ ᠭᠦᠢᠴᠡᠭᠡᠵᠦ ᠦᠵᠡᠰᠦᠭᠡᠢ ᠬᠡᠮᠡᠮᠦᠢ᠃ ᠡᠨᠡ ᠢᠨᠤ ᠨᠢᠭᠡᠨᠲᠡ ᠲᠣᠭᠲᠠᠪᠠ᠂ ᠡᠳᠦᠭᠡ ᠳᠠᠷᠤᠢ ᠭᠡᠷ ᠴᠡᠷᠢᠭ ᠢ᠋ ᠵᠠᠷᠯᠠᠨ᠂ ᠠᠴᠢᠯᠠᠯᠲᠤ ᠰᠠᠢᠳ ᠨᠠᠷ ᠮᠢᠨᠦ ᠡᠨᠡ ᠦᠭᠡ ᠪᠡᠷ ᠶᠠᠪᠤᠲᠤᠭᠠᠢ!》 ᠬᠡᠮᠡᠭᠰᠡᠨ ᠳ᠋ᠦ᠍ᠷ ᠴᠢᠪᠬᠢᠲᠡᠯ᠎ᠡ ᠮᠤᠬᠤᠯᠢ ᠨᠠᠷ ᠤ᠋ᠨ ᠰᠠᠨᠠᠭᠠᠨ ᠳ᠋ᠤᠷ ᠨᠡᠢᠴᠡᠵᠦ ᠪᠦᠭᠦᠳᠡᠭᠡᠷ ᠪᠠᠶᠠᠷᠯᠠᠨ ᠮᠥᠷᠭᠥᠪᠡ᠃ 
       ᠲᠡᠳᠦᠢ ᠠᠷᠴᠠ ᠽᠠᠨᠳᠠᠨ ᠤ᠋ ᠦᠨᠦᠷ ᠠᠩᠬᠢᠯᠤᠨ᠂ ᠲᠠᠢᠽᠦ ᠣᠷᠲᠣᠨ᠎ᠠ ᠡᠭᠡᠪᠡ᠃ ᠣᠯᠠᠨ ᠰᠠᠢᠳ ᠵᠢᠨᠦᠩ ᠦ᠋ᠨ ᠴᠠᠴᠠᠷ ᠲᠤᠷ ᠬᠤᠷᠠᠵᠤ᠂ ᠳᠥᠷᠪᠡᠨ ᠵᠦᠭ ᠦ᠋ᠨ ᠶᠡᠬᠡ ᠬᠡᠩᠭᠡᠷᠭᠡ ᠴᠣᠬᠢᠬᠤ ᠳᠣᠬᠢᠶ᠎ᠠ ᠫᠤᠤ ᠲᠠᠯᠪᠢᠭᠤᠯᠵᠤ᠂ ᠣᠯᠠᠨ ᠵᠠᠩᠵᠤᠨ ᠨᠠᠷ ᠢ᠋ ᠴᠢᠭᠤᠯᠤᠭᠤᠯᠤᠨ ᠢᠷᠡᠭᠦᠯᠵᠦ᠂ ᠬᠠᠪᠤᠲᠤ ᠬᠠᠰᠠᠷ᠂ ᠪᠦᠬᠦ ᠪᠡᠯᠭᠦᠳᠡᠢ᠂ ᠪᠤᠭᠤᠷᠤᠯ᠂ ᠴᠢᠯᠠᠭᠤ᠂ ᠵᠡᠯᠮ᠎ᠡ᠂ ᠵᠡᠪᠡ᠂ ᠬᠠᠷ᠎ᠠ ᠬᠢᠷᠤ᠂ ᠬᠤᠷᠴᠠ ᠪᠠᠢᠷᠢ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠠᠷᠪᠠᠨ ᠵᠠᠩᠵᠤᠨ ᠤ᠋ ᠳᠣᠣᠷ᠎ᠠ ᠪᠤᠯᠤ᠂ ᠡᠭᠦᠯᠡᠨ ᠴᠡᠷᠪᠢ᠂ ᠸᠴᠢᠷ᠂ ᠠᠯᠮᠠᠰ᠂ ᠰᠦᠷᠲᠦ᠂ ᠫᠣᠯᠭᠤᠲᠠᠢ᠂ ᠬᠠᠳᠤ ᠲᠡᠮᠦᠷ᠂ ᠳᠤᠭᠤᠯᠠᠭ᠎ᠠ ᠲᠡᠮᠦᠷ᠂ ᠬᠣᠪᠣᠯᠠᠢ᠂ ᠱᠣᠪᠤᠯᠠᠢ᠂ ᠸᠠᠢᠵᠢᠩ᠂ ᠠᠯᠢᠵᠠᠩ᠂ ᠬᠦᠳᠡᠷ ᠪᠦᠰᠡ᠂ ᠬᠦᠷᠡᠯ ᠪᠦᠰᠡ᠂ ᠥᠳᠥ᠂ ᠰᠣᠳᠣ᠂ ᠪᠤᠭᠤᠲᠤ ᠬᠤᠸᠠ᠂ ᠠᠯᠠᠭ ᠲᠤᠭᠤᠯ ᠡᠳᠡᠭᠡᠷ ᠪᠠᠭ᠎ᠠ ᠵᠠᠩᠵᠤᠨ ᠢ᠋ ᠬᠥᠮᠦᠨ ᠪᠦᠷᠢ ᠳ᠋ᠦ᠍ᠷ ᠬᠣᠰᠢᠶᠠᠳ ᠵᠠᠩᠵᠤᠨ ᠵᠠᠬᠢᠷᠤᠭᠤᠯᠵᠤ᠂ ᠭᠠᠳᠠᠭᠠᠳᠤ ᠳᠠᠭᠠᠭᠰᠠᠨ ᠠᠢᠮᠠᠭ ᠤ᠋ᠨ ᠠᠷᠪᠠᠨ ᠤᠯᠤᠰ ᠤ᠋ᠨ ᠡᠵᠡᠳ  ᠯᠦ᠋ᠭᠡ ᠴᠡᠷᠢᠭ ᠢ᠋ ᠬᠥᠮᠦᠨ ᠪᠦᠷᠢ ᠨᠢᠭᠡᠨ ᠲᠦᠮᠡᠨ ᠭᠡᠷ ᠴᠡᠷᠢᠭ ① ᠢ᠋  ᠠᠪᠴᠤ ᠡᠨᠡ ᠰᠠᠷ᠎ᠠ ᠶ᠋ᠢᠨ ᠳᠣᠲᠣᠷ᠎ᠠ ᠤᠯᠤᠰ ᠠ᠋ᠴᠠ ᠮᠣᠷᠳᠠᠵᠤ ᠬᠥᠳᠡᠯᠦᠨ᠂ ᠲᠠᠲ᠋ᠠᠷ᠂ ᠲᠠᠢᠴᠢᠭᠤᠳ᠂  ᠯᠠᠢᠬᠠᠳ᠂ ᠰᠠᠯᠵᠢᠭᠤᠳ᠂ ᠵᠠᠷᠤᠳ᠂ ᠭᠣᠷᠯᠣᠰ᠂ ᠰᠠᠷᠯᠠᠭ᠂  ᠲᠣᠭᠮᠤᠭ᠂ ᠬᠡᠷᠡᠢᠳ᠂ ᠨᠠᠢ᠍ᠮᠠᠨ ᠡᠨᠡᠠᠷᠪᠠᠨ ᠠᠢᠮᠠᠭ ᠴᠡᠷᠢᠭ ᠮᠣᠷᠳᠠᠵᠤ᠂ ᠮᠠᠨ ᠤ᠋ ᠬᠣᠢᠨ᠎ᠠ ᠠ᠋ᠴᠠ ᠬᠥᠭᠡᠭᠡᠵᠦ ᠡᠴᠢᠭᠲᠦᠨ᠃ ᠡᠨᠡ ᠤᠳᠠᠬ᠎ᠠ ᠡᠨᠡ ᠠᠷᠪᠠᠨ ᠠᠢᠮᠠᠭ ᠤ᠋ᠨ ᠭᠠᠪᠢᠶ᠎ᠠ ᠵᠢᠳᠬᠦᠯᠭᠡ ᠶ᠋ᠢ ᠮᠡᠳᠡᠰᠦᠭᠡᠢ᠃ ᠲᠠᠪᠤᠨ ᠪᠠᠷᠰ ᠤ᠋ᠨ ᠵᠠᠩᠵᠤᠨ ᠲᠦᠮᠡᠨ ᠪᠣᠯᠣᠳ ᠬᠦᠴᠦᠲᠦ ᠴᠡᠷᠢᠭ ᠢ᠋ ᠠᠪᠴᠤ ᠨᠠᠳᠠ ᠯᠤᠭ᠎ᠠ ᠡᠵᠡᠨ ᠢ᠋ ᠳᠠᠭ᠎ᠠ᠂ ᠣᠶᠤᠲᠤ ᠰᠡᠴᠡᠨ᠂ ᠣᠶᠤᠨ ᠭᠤᠸ᠎ᠠ᠂ ᠲᠡᠭᠦᠰᠴᠣᠭᠲᠤ᠂ ᠰᠠᠢᠬᠠᠨ ᠰᠤᠷᠲᠠᠯᠲᠤ᠂ ᠠᠵᠢᠨᠠᠢ ᠮᠡᠷᠭᠡᠨ᠂ ᠠᠨᠳᠠᠨ ᠴᠠᠭ᠂ ᠳᠠᠴᠢᠩᠬᠤᠷᠯᠤ ᠶ᠋ᠢᠨ ᠬᠥᠪᠡᠭᠦᠨ ᠰᠢᠯᠢᠶᠡᠮᠪᠦ᠂ ᠪᠦᠲᠦᠨ᠎ᠡ ᠶ᠋ᠢᠨ ᠢᠯᠠᠭᠤᠭᠰᠠᠨ ᠤ᠋ ᠬᠥᠪᠡᠭᠦᠨ ᠬᠠᠵᠤᠰᠢᠯ᠂ ᠥᠨᠳᠥᠷ ᠰᠡᠴᠡᠨ ᠦ᠌ ᠶᠡᠬᠡ ᠬᠥᠪᠡᠭᠦᠨ ᠪᠢᠯᠢᠭᠲᠦ ᠪᠠᠷᠰ᠂ ᠬᠦᠷᠭᠡᠨ ᠪᠣᠲ᠋ᠤ ᠶ᠋ᠢᠨ ᠬᠥᠪᠡᠭᠦᠨ ᠨᠠᠨᠰᠡᠷ᠂ ᠵᠡᠯᠮ᠎ᠡ ᠶ᠋ᠢᠨ ᠬᠥᠪᠡᠭᠦᠨ ᠬᠦᠷᠭᠡᠨ ᠴᠡᠴᠡᠭ᠂  ᠲᠠᠢᠽᠦ ᠶ᠋ᠢᠨ ᠶᠡᠬᠡ ᠬᠥᠪᠡᠭᠦᠨ ᠵᠣᠴᠢ᠂ ᠬᠣᠶᠠᠳᠤᠭᠠᠷ ᠬᠥᠪᠡᠭᠦᠨ ᠴᠠᠭᠠᠲᠠᠢ ᠡᠨᠡ ᠬᠣᠶᠠᠷ ᠪᠠᠭ᠎ᠠ ᠡᠵᠡᠨ  ᠯᠦ᠋ᠭᠡ ᠠᠷᠪᠠᠨ ᠳᠥᠷᠪᠡᠨ ᠵᠠᠩᠵᠤᠨ᠂ ᠰᠡᠭᠦᠯ ᠦ᠋ᠨ ᠴᠡᠷᠢᠭ ᠦ᠋ᠨ ᠶᠡᠬᠡ ᠪᠠᠭᠤᠳᠠᠯ ᠢ᠋ ᠳᠠᠭᠠᠵᠤ ᠶᠠᠪᠤ᠂ ᠤᠷᠤᠭᠰᠢᠯᠠᠨ ᠶᠠᠭᠠᠷᠠᠬᠤ ᠴᠠᠭ ᠲᠤᠷ ᠡᠮᠦᠨ᠎ᠡ ᠴᠡᠷᠢᠭ ᠲᠦ᠍ᠷ ᠵᠠᠷᠯᠠᠵᠤ ᠵᠠᠷᠤᠴᠠᠯᠠᠰᠤᠭᠠᠢ᠃ ᠤᠯᠤᠰ ᠲᠤᠷ ᠲᠠᠢ ᠰᠡᠴᠡᠨ᠂ ᠲᠣᠷᠭᠠᠨ ᠰᠢᠷ᠎ᠠ᠂ ᠥᠷᠯᠥᠭ ᠯᠢᠳᠠᠷ᠂ ᠳᠥᠷᠪᠡᠨ ᠰᠡᠴᠡᠳ᠂  ᠪᠤᠭᠤᠷᠵᠢ᠂ ᠮᠡᠩᠬᠡᠯᠢᠭ᠂ ᠣᠢᠲᠤ ᠤᠴᠢᠭ᠂ ᠤᠷᠠᠨ ᠭᠠᠴᠤᠭ᠂ ᠴᠤᠤ ᠮᠡᠷᠭᠡᠨ᠂ ᠲᠠᠢᠰᠤᠨᠳᠠᠷᠤᠭᠴᠢ᠂ ᠬᠦᠷᠭᠡᠨ ᠪᠣᠲ᠋ᠤ᠂ ᠤᠭᠰᠠᠭ᠎ᠠ ᠶ᠋ᠢᠨ ᠵᠠᠮᠪᠠᠯ᠂ ᠮᠡᠩᠭᠡᠲᠦ᠂  ᠤᠷᠲᠤ ①  ᠭᠡᠷ ᠴᠡᠷᠢᠭ ᠬᠡᠮᠡᠭᠴᠢ ᠠᠵᠢᠷᠭ᠎ᠠ ᠭᠡᠭᠦᠦ᠂ ᠢᠮᠠᠭ᠎ᠠ ᠬᠣᠨᠢ᠂ ᠡᠬᠡᠨᠡᠷ ᠬᠡᠦᠬᠡᠳ ᠲᠣᠷ ᠬᠦᠷᠲᠡᠯ᠎ᠡ ᠴᠥᠮ ᠠᠪᠴᠤ ᠶᠠᠪᠤᠬᠤ᠃  ᠪᠣᠳᠣᠯᠭᠠᠲᠤ᠂ ᠤᠬᠠᠭᠠᠨᠲᠤ ᠷᠢᠨᠴᠢᠨ᠂ ᠮᠡᠷᠭᠡᠨ᠂ ᠥᠨᠳᠥᠷ ᠰᠡᠴᠡᠨ ᠦ᠌ ᠬᠥᠪᠡᠭᠦᠨ ᠰᠢᠯᠢᠭᠲᠦ ᠪᠠᠷᠰ᠂ ᠲᠡᠰᠬᠡᠯ ᠪᠠᠷᠰ᠂ ᠳ᠋ᠠᠳᠠᠳᠤᠩᠭ᠎ᠠ᠂ ᠲᠡᠭᠦᠨ ᠦ᠌ ᠬᠥᠪᠡᠭᠦᠨ ᠳ᠋ᠦᠩ ᠶᠦᠨ᠂ ᠣᠶᠤᠲᠤ ᠰᠡᠴᠡᠨ ᠦ᠌ ᠬᠥᠪᠡᠭᠦᠨ ᠶᠣᠯᠣ ᠶ᠋ᠢᠨ ᠪᠠᠭᠠᠰᠤ᠂ ᠣᠶᠤᠨ ᠭᠤᠸ᠎ᠠ ᠶ᠋ᠢᠨ ᠬᠥᠪᠡᠭᠦᠨ ᠤᠨᠵᠢᠭᠠᠢ ᠰᠤᠨᠵᠢᠭᠠᠢ᠂ ᠤᠷᠲᠤ ᠪᠣᠳᠣᠯᠭᠠᠲᠤ ᠶ᠋ᠢᠨ ᠬᠥᠪᠡᠭᠦᠨ ᠰᠠᠢᠨ ᠮᠣᠬᠣ᠂ ᠤᠬᠠᠭᠠᠨᠲᠤ ᠷᠢᠨᠴᠢᠨ ᠦ᠌ ᠬᠥᠪᠡᠭᠦᠨ ᠭᠢᠯᠦᠢ᠂ ᠪᠦᠰᠡᠭ᠂ ᠪᠦᠰᠡᠭ ᠦ᠋ᠨ ᠬᠥᠪᠡᠭᠦᠨ ᠲᠠᠵᠤᠨᠠᠢ᠂ ᠮᠠᠩᠨᠢᠳ ᠤ᠋ᠨ ᠲᠣᠭᠳᠢ᠂ ᠴᠡᠷᠪᠢ᠂ ᠠᠯᠤᠬ᠎ᠠ᠂ ᠰᠦᠬᠡ᠂ ᠪᠤᠳᠣᠯᠠᠩ᠂ ᠤᠬᠠᠭᠠᠨᠲᠤ ᠡᠨᠡ ᠭᠤᠴᠢᠨ ᠵᠠᠩᠵᠤᠨ ᠢ᠋ ᠠᠪᠴᠤ ᠳᠥᠴᠢᠨ ᠲᠦᠮᠡᠨ ᠴᠡᠷᠢᠭ ᠢ᠋ᠶ᠋ᠡᠷ ᠤᠯᠤᠰ ᠢ᠋ ᠲᠠᠪᠤᠨ ᠠᠩᠭᠢ ᠪᠠᠷ ᠰᠠᠬᠢ᠃ ᠵᠢᠴᠢ ᠲᠠᠲ᠋ᠠᠷ ᠤ᠋ᠨ ᠰᠢᠷᠢ ᠬᠤᠲᠤᠭ᠂ ᠰᠤᠯᠳᠠᠰᠤᠨ ᠤ᠋ ᠴᠢᠮᠪᠠᠢ ᠳᠠᠷᠬᠠᠨ᠂ ᠭᠣᠷᠯᠣᠰ ᠤ᠋ᠨ ᠰᠡᠴᠡᠨ ᠪᠡᠬᠢ᠂ ᠵᠠᠷᠤᠳ ᠤ᠋ᠨ ᠶᠠᠪᠤᠭ᠎ᠠ ᠳᠥᠷᠪᠡᠭᠦᠯᠡ ᠶ᠋ᠢ ᠲᠠᠩᠭᠤᠳ ᠪᠠ ᠬᠠᠷᠯᠢᠭᠤᠳ ᠤ᠋ᠨ ᠬᠣᠶᠠᠷ ᠠᠢᠮᠠᠭ ᠠ᠋ᠴᠠ ᠳᠠᠭᠠᠭᠰᠠᠨ ᠳᠥᠷᠪᠡᠨ ᠮᠢᠩᠭᠠᠨ ᠴᠡᠷᠢᠭ ᠢ᠋ ᠠᠪᠴᠤ ᠬᠠᠷᠯᠢᠭᠤᠳ ᠤ᠋ᠨ ᠴᠡᠷᠢᠭ ᠦ᠋ᠨ ᠳᠡᠪᠡᠯ ᠬᠤᠪᠴᠠᠳ ᠲᠤᠭ ᠬᠢᠭᠢᠷᠢ ᠶ᠋ᠢ ᠪᠠᠷᠢᠭᠤᠯᠵᠤ᠂ ᠮᠤᠬᠤᠯᠢ ᠣᠢᠷ᠎ᠠ ᠪᠠᠨ ᠳᠠᠭᠠᠭᠤᠯᠵᠤ᠂ ᠲᠤᠰ ᠲᠤᠰ ᠲᠤᠷ ᠬᠤᠪᠢᠶᠠᠨ ᠪᠠᠷᠠᠵᠤ᠂ ᠳᠠᠷᠤᠢ ᠬᠠᠷᠯᠢᠭᠤᠳ ᠤ᠋ᠨ ᠴᠢᠮᠡᠭᠡ ᠶ᠋ᠢ ᠬᠦᠯᠢᠶᠡᠬᠦᠶ᠎ᠡ᠂ ᠮᠥᠨ ᠴᠠᠭᠠᠨ ᠰᠠᠷ᠎ᠠ ᠶ᠋ᠢᠨ ᠰᠢᠨᠡᠳ ᠢ᠋ᠶ᠋ᠡᠷ ᠮᠡᠳᠡᠭᠡ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠡᠯ᠎ᠡ ᠵᠦᠢᠯ ᠮᠠᠰᠢ ᠪᠡᠯᠡᠨ ᠪᠣᠯᠤᠭᠰᠠᠨ ᠲᠤᠯᠠ ᠮᠤᠬᠤᠯᠢ ᠰᠢᠭᠤᠳ ᠲᠦᠷᠭᠡᠨ ᠶᠡᠬᠡ ᠦᠬᠡᠷ ᠫᠤᠤ ᠶ᠋ᠢ ᠲᠠᠯᠪᠢᠭᠤᠯᠪᠠ᠃ ᠣᠯᠠᠨ ᠴᠡᠷᠢᠭ ᠮᠠᠢᠬᠠᠨ ᠢ᠋ᠶ᠋ᠠᠨ ᠤᠨᠠᠭᠠᠵᠤ᠂ ᠠᠴᠢᠶ᠎ᠠ ᠬᠥᠰᠬᠡ ᠶ᠋ᠢ ᠪᠠᠭᠴᠠᠯᠠᠵᠤ ᠪᠡᠯᠡᠨ ᠪᠣᠯᠪᠠ᠃ ᠮᠤᠬᠤᠯᠢ ᠲᠠᠢᠽᠦ ᠶ᠋ᠢᠨ ᠲᠠᠭᠲᠤ ᠳ᠋ᠤᠷ ᠢᠷᠡᠪᠡᠰᠦ᠂ ᠲᠠᠢᠽᠦ ᠮᠥᠨ ᠬᠡᠳᠦᠢᠨᠡᠢ ᠭᠠᠷᠴᠤ ᠢᠷᠡᠭᠡᠳ ᠬᠠᠷᠠᠬᠠᠨ ᠮᠣᠷᠳᠠᠬᠤ ᠶ᠋ᠢ ᠬᠦᠯᠢᠶᠡᠮᠦᠢ᠃ ᠦᠵᠡᠪᠡᠰᠦ ᠶᠡᠬᠡ ᠬᠥᠰᠬᠡ ᠶ᠋ᠢᠨ ᠠᠴᠢᠶ᠎ᠠ ᠬᠥᠰᠬᠡ ᠪᠡᠯᠡᠨ ᠪᠣᠯᠤᠭᠰᠠᠭᠠᠷ ᠭᠤᠷᠪᠠᠨ ᠡᠳᠦᠷ ᠪᠣᠯᠪᠠ ᠬᠡᠮᠡᠬᠦ ᠲᠤᠯᠠ ᠮᠤᠬᠤᠯᠢ ᠰᠢᠳᠠᠷ ᠠᠷᠠᠳ ᠨᠠᠢ᠍ᠮᠠᠨ ᠬᠥᠮᠦᠨ ᠢ᠋ ᠮᠣᠷᠢ ᠤᠨᠤᠭᠤᠯᠵᠤ᠂ ᠲᠠᠪᠤᠨ ᠲᠦᠮᠡᠨ ᠴᠡᠷᠢᠭ ᠦ᠋ᠨ ᠬᠦᠷᠢᠶ᠎ᠡ ᠪᠦᠷᠢ ᠳ᠋ᠦ᠍ᠷ ᠠᠴᠢᠶ᠎ᠠ ᠬᠥᠰᠬᠡ ᠶ᠋ᠢ ᠵᠠᠪᠳᠤᠭᠰᠠᠨ ᠪᠠ ᠦᠭᠡᠢ ᠶ᠋ᠢ ᠦᠵᠡᠭᠦᠯᠪᠡᠰᠦ᠂ ᠬᠦᠷᠢᠶ᠎ᠡ ᠪᠦᠷᠢ ᠴᠥᠮ ᠶᠠᠪᠠᠭᠠᠨ ᠪᠠᠭᠤᠳᠠᠯ ᠢ᠋ᠶ᠋ᠠᠷ ᠫᠤᠤ ᠶ᠋ᠢᠨ ᠳᠠᠭᠤᠨ ᠢ᠋ ᠬᠦᠯᠢᠶᠡᠬᠦ ᠠᠵᠤᠭᠤ᠃ ᠲᠡᠳᠦᠢ ᠮᠠᠰᠢ ᠪᠡᠯᠡᠨ ᠵᠠᠯᠠᠨ ᠭᠡᠮᠡᠨ ᠮᠡᠳᠡᠭᠦᠯᠦᠭᠰᠡᠨ᠎ᠡ᠂ ᠬᠣᠶᠠᠳᠤᠭᠠᠷ ᠦᠬᠡᠷ ᠫᠤᠤ ᠳᠤᠤᠭᠠᠷᠪᠠ᠃ ᠣᠯᠠᠨ ᠴᠡᠷᠢᠭ ᠦ᠋ᠳ ᠴᠥᠮ ᠮᠣᠷᠢᠨ ᠳ᠋ᠠᠭᠠᠨ ᠮᠣᠷᠳᠠᠪᠠ᠃ ᠣᠯᠠᠨ ᠴᠡᠷᠢᠭ ᠦ᠋ᠨ ᠬᠥᠮᠦᠨ ᠵᠡᠭᠦᠨ ᠭᠠᠷ ᠢ᠋ᠶ᠋ᠠᠷ ᠵᠢᠯᠣᠭᠣ ᠪᠠ ᠮᠣᠷᠢᠨ ᠤ᠋ ᠳᠡᠯ ᠲᠡᠢ ᠪᠠᠷᠢᠨ᠂ ᠪᠠᠷᠠᠭᠤᠨ ᠭᠠᠷ ᠢ᠋ᠶ᠋ᠠᠷ ᠲᠠᠰᠢᠭᠤᠷ ᠢ᠋ᠶ᠋ᠠᠨ ᠠᠳᠬᠤᠵᠤ ᠵᠡᠭᠦᠨ ᠬᠥᠯ ᠢ᠋ᠶ᠋ᠡᠨ ᠳᠥᠷᠥᠭᠡ ᠳ᠋ᠦ᠍ᠷ ᠳᠥᠷᠥᠭᠡᠯᠡᠭᠡᠳ ᠮᠣᠷᠳᠠᠬᠤ ᠪᠠᠷ ᠬᠦᠯᠢᠶᠡᠪᠡ᠃ ᠮᠤᠬᠤᠯᠢ ᠥᠪᠡᠷ ᠢ᠋ᠶ᠋ᠡᠨ ᠮᠣᠷᠢᠯᠠᠨ  ᠲᠠᠢᠽᠦ ᠶ᠋ᠢᠨ ᠪᠠᠭᠤᠳᠠᠯ ᠳ᠋ᠤᠷ ᠢᠷᠡᠵᠦ ᠮᠣᠷᠢᠨ ᠠ᠋ᠴᠠ ᠪᠠᠨ ᠪᠠᠭᠤᠵᠤ᠂ ᠥᠪᠡᠷ ᠢ᠋ᠶ᠋ᠡᠨ ᠮᠣᠷᠢ ᠪᠠᠨ ᠬᠥᠲᠥᠯᠵᠦ ᠲᠡᠮᠳᠡᠭ ᠦ᠋ᠨ ᠳᠠᠯᠪᠠᠭ᠎ᠠ ᠪᠠᠨ ᠪᠠᠷᠠᠭᠤᠨ ᠭᠠᠷ ᠲᠠᠭᠠᠨ ᠡᠷᠭᠦᠨ ᠪᠠᠷᠢᠵᠤ᠂ ᠲᠠᠢᠽᠦ ᠶ᠋ᠢᠨ ᠳᠡᠷᠭᠡᠳᠡ ᠢᠷᠡᠪᠡᠰᠦ  ᠲᠠᠢᠽᠦ ᠮᠥᠨ ᠬᠦᠷᠢᠶᠡᠨ ᠦ᠌ ᠬᠠᠭᠠᠯᠭ᠎ᠠ ᠶ᠋ᠢᠨ ᠭᠠᠳᠠᠨ᠎ᠠ ᠠᠷᠰᠯᠠᠨ ᠣᠷᠢᠶᠠᠭᠰᠠᠨ ᠮᠣᠷᠢᠨ ᠮᠣᠳᠣᠨ ᠳ᠋ᠤᠷ ᠵᠣᠭᠰᠣᠵᠤ᠂ ᠨᠢᠭᠡᠨ ᠬᠥᠯ ᠳᠥᠷᠥᠭᠡ ᠳ᠋ᠦ᠍ᠷ ᠭᠢᠰᠬᠢᠵᠦ ᠫᠤᠤ ᠶ᠋ᠢᠨ ᠳᠠᠭᠤᠨ ᠢ᠋ ᠬᠦᠯᠢᠶᠡᠮᠦᠢ᠃ ᠮᠤᠬᠤᠯᠢ ᠲᠠᠢᠽᠦ ᠶ᠋ᠢᠨ ᠴᠡᠷᠢᠭ ᠦ᠋ᠨ ᠴᠠᠭᠠᠵᠠ ᠶ᠋ᠢ ᠡᠨᠡ ᠮᠡᠲᠦ ᠬᠦᠨᠳᠦ ᠰᠠᠬᠢᠬᠤ ᠶ᠋ᠢ ᠦᠵᠡᠭᠡᠳ ᠳᠣᠲᠣᠷ᠎ᠠ ᠢᠭᠲᠦᠯᠦᠨ ᠪᠢᠰᠢᠷᠡᠵᠦ᠂ ᠮᠣᠷᠢ ᠪᠠᠨ ᠬᠥᠲᠥᠯᠦᠭᠰᠡᠭᠡᠷ ᠭᠠᠵᠠᠷ ᠲᠤᠷ ᠰᠥᠭᠥᠳᠴᠦ ᠮᠥᠷᠭᠥᠵᠦ ᠮᠡᠳᠡᠭᠦᠯᠦᠷᠦᠨ : 
                ᠠᠳᠠᠪᠠᠰᠢ ᠬᠤᠪᠢ ᠪᠠᠷᠢᠯᠳᠤᠨ ᠪᠦᠷᠢᠳᠦᠭᠰᠡᠨ ᠪᠣᠭᠣᠯᠴᠤᠳ ᠪᠢᠳᠡ 
                ᠠᠯᠢ ᠲᠥᠷᠥᠯ ᠳ᠋ᠦ᠍ᠷ ᠣᠭᠲᠠᠷᠭᠤᠢ ᠰᠠᠴᠠᠭᠤ ᠢᠷᠦᠭᠡᠯ ᠢ᠋ᠶ᠋ᠡᠷ 
                ᠠᠯᠲᠠᠨ ᠥᠩᠭᠡᠲᠦ ᠡᠨᠡ ᠲᠡᠭᠷᠢ ᠴᠢᠮ᠎ᠠ ᠳ᠋ᠤᠷ ᠠᠭᠤᠯᠵᠠᠨ ᠤᠴᠠᠷᠠᠵᠤ 
                ᠠᠳᠠᠯᠢᠳᠬᠠᠰᠢ ᠦᠭᠡᠢ ᠮᠡᠷᠭᠡᠨ ᠭᠡᠭᠡᠬᠡᠨ ᠨᠠᠷᠠᠨ ᠰᠠᠷᠠᠨ ᠮᠡᠲᠦ ᠪᠡᠷ 
                ᠠᠯᠪᠠᠲᠤ ᠳ᠋ᠤᠷ ᠲᠤᠰᠢᠶᠠᠭᠰᠠᠨ ᠴᠡᠷᠢᠭ ᠦ᠋ᠨ ᠴᠠᠭᠠᠵᠠ ᠶ᠋ᠢ ᠡᠨᠡ ᠮᠡᠲᠦ ᠬᠢᠴᠢᠶᠡᠵᠦ 
                ᠠᠯᠲᠠᠨ ᠴᠣᠭᠴᠠ ᠬᠠᠰ ᠤ᠋ᠨ ᠪᠡᠶ᠎ᠡ ᠪᠡᠨ ᠡᠨᠡ ᠮᠡᠲᠦ ᠵᠦᠳᠡᠭᠡᠬᠦ ᠢᠨᠤ᠂ 
                ᠠᠬᠠᠢ ᠬᠠᠯᠠᠬᠠᠢ ᠴᠠᠭᠠᠵᠠ ᠶ᠋ᠢ ᠳᠠᠭᠠᠬᠤ ᠲᠦᠮᠡᠨ ᠴᠡᠷᠢᠭ ᠢ᠋ ᠣᠯᠬᠤᠶ᠎ᠠ ᠬᠢᠯᠪᠠᠷ 
                ᠠᠪᠠᠢ ᠮᠢᠨᠦ ᠴᠠᠭᠠᠵᠠ ᠶ᠋ᠢ ᠰᠠᠬᠢᠬᠤ ᠨᠢᠭᠡᠨ ᠡᠵᠡᠨ ᠢ᠋ ᠣᠯᠬᠤᠶ᠎ᠠ ᠪᠡᠷᠬᠡ ! 
ᠭᠡᠮᠡᠨ ᠮᠥᠷᠭᠥᠬᠦᠢ ᠳ᠋ᠦ᠍ᠷ ᠲᠠᠢᠽᠦ ᠮᠦᠰᠢᠶᠡᠵᠦ ᠬᠠᠷᠢᠭᠤ ᠥᠴᠢᠷᠦᠨ : 
                ᠴᠠᠭᠠᠵᠠ ᠬᠡᠮᠡᠭᠴᠢ ᠡᠵᠡᠨ ᠡᠴᠡ ᠡᠭᠦᠰᠦᠨ ᠲᠦᠰᠢᠮᠡᠯ ᠢ᠋ᠶ᠋ᠡᠷ ᠵᠠᠷᠯᠠᠮᠤᠢ 
                ᠴᠠᠭᠠᠵᠠ ᠶ᠋ᠢ ᠳᠠᠭᠠᠬᠤ ᠡᠵᠡᠨ ᠡᠴᠡ ᠡᠬᠢᠯᠡᠨ ᠣᠯᠠᠨ ᠴᠡᠷᠢᠭ ᠲᠦ᠍ᠷ ᠬᠦᠷᠦᠮᠦᠢ᠂ 
                ᠴᠠᠭᠠᠵᠠ ᠶ᠋ᠢ ᠴᠢᠩᠭᠠᠳᠬᠠᠬᠤᠢ ᠳ᠋ᠤᠷ ᠡᠷᠬᠡᠪᠰᠢ ᠤᠷᠢᠳᠠ ᠡᠵᠡᠨ ᠢᠨᠤ ᠰᠠᠬᠢᠮᠤᠢ 
                ᠴᠠᠭᠠᠵᠠ ᠪᠠᠷᠢᠭᠰᠠᠨ ᠵᠢᠨᠦᠩ ᠦ᠋ᠨ ᠳᠣᠬᠢᠶ᠎ᠠ ᠶ᠋ᠢ ᠬᠡᠨ ᠠᠶᠤᠯ ᠦᠭᠡᠢ ᠵᠥᠷᠢᠴᠡᠮᠦᠢ ! 
ᠬᠡᠮᠡᠭᠰᠡᠨ ᠳ᠋ᠦ᠍ᠷ ᠣᠯᠠᠨ ᠲᠦᠰᠢᠮᠡᠳ ᠬᠡᠲᠦᠷᠬᠡᠢ ᠪᠢᠰᠢᠷᠡᠨ ᠰᠢᠲᠦᠵᠦ᠂ ᠨᠢᠭᠡᠨ ᠳᠠᠭᠤᠨ ᠢ᠋ᠶ᠋ᠠᠷ ᠰᠥᠭᠥᠳᠴᠦ᠄《ᠲᠦᠮᠡᠨ ᠨᠠᠰᠤᠲᠤ ᠲᠡᠭᠷᠢ ᠶ᠋ᠢᠨ ᠬᠥᠪᠡᠭᠦᠨ ! 》 ᠭᠡᠮᠡᠨ ᠳᠠᠭᠤᠳᠠᠯᠴᠠᠵᠤ ᠮᠥᠷᠭᠥᠬᠦ ᠳᠠᠭᠤᠨ ᠳ᠋ᠤᠷ ᠠᠭᠤᠯᠠ ᠭᠣᠣᠯ ᠠᠨᠢᠷᠯᠠᠪᠠ᠃ 
       ᠲᠡᠳᠦᠢ ᠮᠤᠬᠤᠯᠢ ᠲᠠᠢᠽᠦ ᠶ᠋ᠢᠨ ᠬᠦᠯᠢᠶᠡᠬᠦ ᠶ᠋ᠢ ᠦᠵᠡᠭᠡᠳ ᠠᠶᠤᠮᠰᠢᠭ ᠦᠭᠡᠢ ᠤᠳᠠᠭᠠᠰᠢᠷᠠᠬᠤ ᠦᠭᠡᠢ ᠳᠠᠷᠤᠢ ᠳᠠᠬᠢᠨ ᠡᠮᠦᠨ᠎ᠡ ᠳ᠋ᠦ᠍ᠷ ᠵᠣᠭᠰᠣᠵᠤ ᠲᠡᠮᠳᠡᠭ ᠳᠠᠯᠪᠠᠭ᠎ᠠ ᠨᠢᠭᠡᠨᠲᠡ ᠬᠤᠷᠤᠢᠯᠠᠭᠰᠠᠨ ᠳ᠋ᠤᠷ ᠮᠤᠬᠤᠯᠢ ᠶ᠋ᠢᠨ ᠠᠷᠤ ᠶ᠋ᠢᠨ ᠬᠣᠢᠨ᠎ᠠ ᠠ᠋ᠴᠠ ᠰᠢᠷᠤᠭ ᠲᠤᠷ ᠲᠡᠮᠳᠡᠭ ᠳᠠᠯᠪᠠᠭ᠎ᠠ ᠬᠠᠯᠠᠨ ᠪᠤᠰᠬᠠᠵᠤ ᠳᠠᠬᠢᠨ ᠡᠷᠭᠢᠭᠦᠯᠦᠭᠰᠡᠨ᠎ᠡ᠂ ᠦᠬᠡᠷ ᠫᠤᠤ ᠲᠡᠭᠷᠢ ᠳᠡᠯᠪᠡᠷᠡᠲᠡᠯ᠎ᠡ ᠨᠢᠭᠡᠨᠲᠡ ᠳᠠᠭᠤᠷᠢᠰᠤᠭᠰᠠᠨ ᠳ᠋ᠤᠷ ᠲᠠᠢᠽᠦ ᠲᠡᠷᠢᠭᠦᠯᠡᠨ ᠲᠠᠪᠤᠨ ᠲᠦᠮᠡᠨ ᠴᠡᠷᠢᠭ ᠬᠠᠮᠲᠤ ᠪᠠᠷ ᠮᠣᠷᠢᠨ ᠳ᠋ᠤᠷ ᠮᠣᠷᠳᠠᠵᠤ᠂ ᠲᠠᠢᠽᠦ  ᠡᠮᠦᠨᠡᠬᠢ ᠭᠤᠷᠪᠠᠨ ᠫᠤᠤ ᠳᠠᠭᠤᠷᠢᠰᠤᠭᠰᠠᠨ ᠳ᠋ᠤᠷ ᠵᠠᠯᠠᠷᠠᠨ ᠮᠣᠷᠳᠠᠵᠤ᠂ ᠶᠡᠬᠡ ᠴᠡᠷᠢᠭ ᠳᠠᠷᠠᠭ᠎ᠠ ᠳᠠᠷᠠᠭ᠎ᠠ ᠪᠠᠷ ᠠᠭᠤᠯᠠ ᠮᠥᠷᠡᠨ ᠨᠡᠭᠦᠵᠦ ᠭᠠᠵᠠᠷ ᠳᠡᠯᠡᠬᠡᠢ ᠬᠥᠳᠡᠯᠦᠮᠡᠷ ᠪᠠᠷᠠᠭᠤᠨ ᠡᠮᠦᠨᠡᠰᠢ ᠬᠠᠷ᠎ᠠ ᠬᠢᠭᠦᠯ ᠦ᠋ᠨ ᠵᠦᠭ ᠮᠣᠷᠳᠠᠪᠠ᠃ ᠵᠠᠮ ᠳ᠋ᠤᠷ ᠲᠣᠭᠲᠣᠩᠭᠣ᠌ ᠪᠠᠭᠠᠲᠤᠷ ᠨᠢᠭᠡᠨ ᠲᠦᠮᠡᠨ ᠴᠡᠷᠢᠭ ᠢ᠋ ᠠᠪᠴᠤ ᠡᠮᠦᠨ᠎ᠡ ᠬᠣᠰᠢᠭᠤᠴᠢ ᠪᠣᠯᠤᠨ ᠶᠠᠪᠤᠵᠤ ᠵᠢᠷᠭᠤᠭᠠᠨ ᠡᠳᠦᠷ ᠪᠣᠯᠤᠭᠰᠠᠨ ᠦᠭᠡᠢ ᠬᠠᠷ᠎ᠠ ᠬᠢᠭᠦᠯ ᠦ᠋ᠨ ᠵᠠᠬ᠎ᠠ ᠳ᠋ᠤᠷ ᠬᠡᠳᠦᠨ ᠵᠠᠭᠤᠨ ᠭᠠᠵᠠᠷ ᠤ᠋ᠨ ᠦᠵᠦᠭᠦᠷ ᠦ᠋ᠨ ᠮᠡᠳᠡᠭᠡ ᠶ᠋ᠢᠨ ᠬᠥᠮᠦᠨ᠂ ᠬᠠᠷ᠎ᠠ ᠬᠢᠭᠦᠯ ᠳ᠋ᠦ᠍ᠷ ᠬᠦᠷᠴᠦ ᠨᠠᠷᠠᠨ ᠰᠠᠢᠳ ᠬᠠᠷᠢᠶᠠᠲᠤ ᠮᠢᠩᠭᠠᠨ ᠴᠡᠷᠢᠭ ᠢ᠋ᠶ᠋ᠡᠨ ᠠᠪᠴᠤ ᠤᠭᠲᠤᠵᠤ ᠮᠥᠷᠭᠥᠭᠡᠳ ᠶᠣᠰᠣᠯᠠᠨ ᠵᠣᠯᠭᠠᠪᠠ᠃ ᠲᠠᠢᠽᠦ ᠲᠡᠭᠦᠨ ᠦ᠌ ᠲᠤᠰᠢᠶᠠᠯ ᠳ᠋ᠤᠷ ᠬᠢᠴᠢᠶᠡᠭᠰᠡᠨ ᠢ᠋ ᠰᠠᠢᠰᠢᠶᠠᠨ ᠬᠥᠬᠢᠭᠦᠯᠵᠦ ᠬᠡᠯᠡᠭᠡᠳ ᠬᠠᠷ᠎ᠠ ᠬᠢᠭᠦᠯ ᠦ᠋ᠨ ᠭᠠᠵᠠᠷ ᠲᠠᠪᠤᠨ ᠶᠡᠬᠡ ᠬᠦᠷᠢᠶ᠎ᠡ ᠪᠠᠭᠤᠵᠤ ᠨᠠᠷᠠᠨ ᠰᠠᠢᠳ ᠢ᠋ ᠳᠡᠪᠰᠢᠭᠦᠯᠦᠨ ᠲᠠᠢᠽᠦ ᠥᠪᠡᠷ ᠦ᠋ᠨ ᠴᠡᠷᠢᠭ ᠲᠦ᠍ᠷ ᠢ᠋ᠶ᠋ᠡᠨ ᠶᠠᠪᠤᠭᠤᠯᠪᠠ᠃ ᠲᠡᠳᠦᠢ ᠮᠤᠬᠤᠯᠢ᠂ ᠲᠠᠢᠽᠦ ᠯᠤᠭ᠎ᠠ ᠬᠠᠷ᠎ᠠ ᠬᠢᠭᠦᠯ ᠦ᠋ᠨ ᠠᠭᠤᠯᠠ ᠲᠠᠯ᠎ᠠ ᠣᠷᠣᠨ ᠲᠠᠩᠭᠢᠰ ᠢ᠋ ᠰᠢᠨᠵᠢᠵᠦ ᠪᠠᠢᠯᠳᠤᠬᠤ ᠶ᠋ᠢ ᠲᠣᠭᠲᠠᠭᠠᠬᠤᠶ᠎ᠠ᠂ ᠬᠠᠷ᠎ᠠ ᠬᠢᠭᠦᠯ ᠦ᠋ᠨ ᠡᠮᠦᠨ᠎ᠡ ᠨᠢᠭᠡᠬᠡᠨ ᠵᠠᠮ ᠳ᠋ᠤᠷ ᠭᠠᠯ ᠠᠭᠤᠯᠠ ᠨᠡᠷᠡᠲᠦ ᠳᠣᠪᠣ ᠳ᠋ᠤᠷ ᠭᠠᠷᠴᠤ ᠦᠵᠡᠭᠡᠳ ᠲᠠᠢᠽᠦ ᠶ᠋ᠢ ᠬᠠᠷᠠᠵᠤ ᠮᠡᠳᠡᠭᠦᠯᠦᠷᠦᠨ᠄《 ᠡᠨᠡ ᠳᠣᠪᠣ ᠶ᠋ᠢ ᠡᠵᠡᠨ ᠦ᠌ ᠲᠤᠯᠠ ᠲᠡᠭᠷᠢ ᠪᠦᠲᠦᠭᠡᠪᠡ!》 ᠬᠡᠮᠡᠭᠰᠡᠨ ᠳ᠋ᠦ᠍ᠷ ᠲᠠᠢᠽᠦ ᠵᠢᠨᠦᠩ ᠦ᠋ᠨ ᠠᠷᠭ᠎ᠠ ᠲᠣᠭᠲᠠᠭᠰᠠᠨ ᠢ᠋ ᠮᠡᠳᠡᠵᠦ ᠳᠣᠲᠣᠷ᠎ᠠ ᠰᠡᠮᠡᠬᠡᠷ ᠠᠮᠤᠷᠵᠢᠨ ᠪᠠᠶᠠᠷᠯᠠᠪᠠ᠃ 
       ᠲᠡᠳᠦᠢ ᠲᠠᠢᠽᠦ ᠶ᠋ᠢᠨ ᠬᠥᠰᠬᠡ ᠬᠦᠷᠢᠶ᠎ᠡ ᠡᠴᠡ ᠪᠤᠰᠤ ᠬᠦᠷᠢᠶ᠎ᠡ ᠶ᠋ᠢ ᠨᠡᠭᠦᠯᠭᠡᠵᠦ᠂ ᠭᠠᠯ ᠠᠭᠤᠯᠠ ᠶ᠋ᠢᠨ ᠡᠮᠦᠨ᠎ᠡ ᠬᠠᠭᠤᠴᠢᠨ ᠭᠠᠵᠠᠷ ᠬᠦᠷᠢᠶ᠎ᠡ ᠪᠠᠭᠤᠨ ᠲᠠᠪᠤᠨ ᠡᠳᠦᠷ ᠬᠦᠯᠢᠶᠡᠵᠦ᠂ ᠬᠠᠷᠯᠢᠭᠤᠳ ᠤ᠋ᠨ ᠴᠡᠷᠢᠭ ᠰᠠᠢ ᠳᠠᠮ ᠳᠠᠮ ᠢ᠋ᠶ᠋ᠠᠷ ᠬᠦᠷᠴᠦ ᠢᠷᠡᠭᠡᠳ ᠣᠯᠠᠨ ᠴᠡᠷᠢᠭ ᠡᠴᠡ ᠰᠣᠴᠢᠭᠰᠠᠨ ᠪᠠᠢᠳᠠᠯ ᠪᠣᠢ᠃ ᠮᠤᠬᠤᠯᠢ ᠳᠥᠷᠪᠡᠨ ᠠᠩᠭᠢ ᠴᠡᠷᠢᠭ ᠢ᠋ ᠠᠵᠢᠨᠠᠢ ᠮᠣᠷᠢᠨ ᠤ᠋ ᠵᠢᠭᠰᠠᠭᠠᠯ ᠵᠢᠭᠰᠠᠭᠠᠵᠤ᠂ ᠲᠠᠪᠤᠨ ᠲᠦᠮᠡᠨ ᠴᠡᠷᠢᠭ ᠢ᠋ ᠵᠡᠭᠦᠨ ᠪᠠᠷᠠᠭᠤᠨ ᠬᠣᠶᠠᠷ ᠮᠥᠷᠥ᠂ ᠳᠤᠮᠳᠠ ᠠᠨᠤ ᠥᠪᠡᠷ ᠢ᠋ᠶ᠋ᠡᠨ ᠲᠣᠯᠣᠭᠠᠢ ᠪᠣᠯᠵᠤ᠂ ᠲᠠᠢᠽᠦ ᠶ᠋ᠢᠨ ᠶᠡᠬᠡ ᠬᠦᠷᠢᠶ᠎ᠡ ᠶ᠋ᠢ ᠬᠣᠢᠨ᠎ᠠ ᠪᠣᠯᠭᠠᠨ᠂ ᠣᠶᠤᠲᠤ ᠰᠡᠴᠡᠨ᠂ ᠣᠶᠤᠨ ᠭᠤᠸ᠎ᠠ ᠨᠠᠷ ᠤ᠋ᠨ ᠴᠡᠷᠢᠭ ᠬᠣᠢᠲᠤ ᠬᠥᠯ᠂ ᠬᠣᠶᠠᠷ ᠪᠠᠭ᠎ᠠ  ᠡᠵᠡᠨ ᠢ᠋ ᠰᠡᠭᠦᠯ ᠪᠣᠯᠭᠠᠨ  ᠵᠢᠭᠰᠠᠭᠠᠭᠠᠳ ᠡᠢᠨ ᠬᠦ᠌  ᠵᠢᠭᠰᠠᠭᠠᠯ ᠵᠢᠭᠰᠠᠭᠠᠵᠤ ᠬᠦᠯᠢᠶᠡᠬᠦᠶ᠎ᠡ᠂ ᠬᠠᠷᠯᠢᠭᠤᠳ ᠤ᠋ᠨ ᠴᠡᠷᠢᠭ ᠬᠦᠷᠴᠦ ᠢᠷᠡᠭᠡᠳ ᠳᠥᠴᠢᠨ ᠭᠠᠵᠠᠷ ᠥᠷᠭᠡᠨ᠂ ᠵᠢᠷᠠᠨ ᠭᠠᠵᠠᠷ ᠤᠷᠲᠤ ᠬᠦᠷᠢᠶ᠎ᠡ ᠪᠠᠭᠤᠵᠤ᠂ ᠳᠠᠷᠤᠢ ᠪᠠᠢᠯᠳᠤᠬᠤ ᠪᠢᠴᠢᠭ ᠬᠦᠷᠭᠡᠵᠦ ᠢᠷᠡᠪᠡ᠃ ᠮᠤᠬᠤᠯᠢ ᠶᠠᠭᠠᠷᠠᠨ ᠪᠢᠴᠢᠭ ᠢ᠋ ᠬᠦᠷᠭᠡᠵᠦ ᠢᠷᠡᠭᠰᠡᠨ ᠡᠯᠴᠢ ᠶ᠋ᠢ ᠮᠣᠷᠢᠯᠠᠭᠤᠯᠵᠤ ᠮᠢᠨᠦ ᠴᠠᠴᠠᠷ ᠲᠤᠷ ᠠᠪᠴᠢᠷᠠ ᠬᠡᠮᠡᠭᠡᠳ ᠡᠯᠴᠢ ᠢᠷᠡᠬᠦᠢ ᠳ᠋ᠦ᠍ᠷ ᠮᠤᠬᠤᠯᠢ ᠥᠪᠡᠰᠦᠪᠡᠨ ᠤᠭᠲᠤᠨ ᠭᠠᠷᠴᠤ ᠭᠠᠷ ᠪᠠᠷᠢᠨ ᠵᠣᠯᠭᠠᠵᠤ᠂ ᠳᠡᠭᠡᠳᠦ ᠣᠷᠳᠣᠨ ᠳ᠋ᠤᠷ ᠨᠠᠢᠷ ᠲᠠᠯᠪᠢᠨ ᠰᠠᠭᠤᠯᠭᠠᠵᠤ ᠠᠷᠢᠬᠢ ᠪᠠᠷᠢᠵᠤ ᠬᠦᠨᠳᠦᠯᠡᠭᠰᠡᠨ ᠳ᠋ᠦ᠍ᠷ ᠬᠠᠷᠯᠢᠭᠤᠳ ᠤ᠋ᠨ ᠡᠯᠴᠢ ᠵᠢᠨᠦᠩ ᠮᠤᠬᠤᠯᠢ ᠶ᠋ᠢᠨ ᠪᠠᠢᠳᠠᠯ ᠢ᠋ ᠦᠵᠡᠪᠡᠰᠦ ᠬᠥᠳᠡᠯᠬᠦ ᠠᠭᠠᠰᠢᠯᠠᠬᠤ ᠠᠨᠤ ᠥᠴᠦᠬᠡᠨ ᠴᠦ᠍ ᠬᠠᠭᠤᠷᠮᠠᠭ ᠦᠭᠡᠢ ᠲᠤᠯᠠ ᠴᠠᠰ ᠠᠭᠤᠯᠠ ᠬᠣᠶᠠᠷ ᠬᠠᠳᠠ ᠶ᠋ᠢᠨ ᠵᠠᠪᠰᠠᠷ ᠬᠠᠪᠴᠢᠭᠳᠠᠵᠤ ᠳᠠᠭᠤᠨ ᠦᠭᠡᠢ ᠬᠡᠳᠦᠨ ᠳᠤᠰᠤᠯ ᠨᠢᠯᠪᠤᠰᠤᠨ ᠤᠨᠠᠭᠠᠭᠠᠳ ᠳᠠᠷᠤᠢ ᠲᠠᠢᠽᠦ ᠶ᠋ᠢᠨ ᠡᠮᠦᠨ᠎ᠡ ᠪᠢᠴᠢᠭ ᠢ᠋ ᠲᠤᠰᠢᠶᠠᠵᠤ᠂ ᠪᠡᠶ᠎ᠡ ᠡᠭᠡᠵᠦ ᠥᠪᠡᠷ ᠦ᠋ᠨ ᠬᠦᠷᠢᠶᠡᠨ ᠦ᠌ ᠵᠦᠭ ᠬᠠᠨᠳᠤᠵᠤ ᠵᠢᠷᠭᠤᠭᠠᠨ ᠵᠡᠷᠭᠡ ᠮᠥᠷᠭᠥᠵᠦ᠂ ᠳᠠᠷᠤᠢ ᠴᠡᠷᠢᠭ ᠦ᠋ᠨ ᠬᠥᠮᠦᠨ ᠦ᠌ ᠢᠯᠳᠦ ᠶ᠋ᠢ ᠰᠤᠭᠤ ᠲᠡᠳᠡᠨ ᠠᠪᠴᠤ ᠬᠦᠵᠦᠭᠦᠦ ᠪᠡᠨ ᠣᠭᠲᠣᠯᠰᠤᠭᠠᠢ ᠬᠡᠮᠡᠲᠡᠯ᠎ᠡ ᠣᠯᠠᠨ ᠴᠡᠷᠢᠭ ᠶᠠᠭᠠᠷᠠᠨ ᠢᠯᠳᠦᠨ ᠢ᠋ ᠪᠦᠯᠢᠶᠡᠨ ᠠᠪᠴᠤ ᠲᠠᠢᠽᠦ ᠶ᠋ᠢᠨ ᠡᠮᠦᠨ᠎ᠡ ᠠᠴᠢᠷᠠᠨ ᠤᠴᠢᠷ ᠢ᠋ ᠠᠰᠠᠭᠤᠪᠠᠰᠤ᠂ ᠴᠠᠰ ᠠᠭᠤᠯᠠ ᠨᠢᠭᠡᠮᠦᠰᠦᠨ ᠳᠠᠭᠤᠨ ᠦᠭᠡᠢ ᠪᠣᠯᠪᠠ᠃ ᠡᠭᠦᠨ ᠳ᠋ᠦ᠍ᠷ ᠮᠤᠬᠤᠯᠢ ᠤᠴᠢᠷ ᠢ᠋ ᠬᠡᠳᠦᠨ ᠬᠤᠪᠢ ᠮᠡᠳᠡᠵᠦ ᠥᠭᠦᠯᠡᠷᠦᠨ᠄《ᠡᠨᠡ ᠯᠠᠪ ᠪᠠᠰᠠ ᠨᠠᠢ᠍ᠮᠠᠨ ᠤ᠋ ᠴᠢᠦᠢ ᠰᠢᠦᠸᠠᠢ ᠡᠤ᠂ ᠢᠳᠡᠷ ᠳᠣᠪᠣ ᠶ᠋ᠢ ᠴᠢᠬᠤᠯᠳᠠᠭᠤᠯᠤᠭᠰᠠᠨ ᠬᠡᠷᠡᠭ ᠮᠡᠲᠦ ᠪᠣᠯᠪᠠ!》 ᠭᠡᠮᠡᠨ ᠬᠠᠷᠢᠭᠤ ᠪᠠᠢᠯᠳᠤᠬᠤ ᠪᠢᠴᠢᠭ ᠢ᠋ ᠬᠢᠵᠦ ᠮᠠᠨᠠᠭᠠᠷ ᠤ᠋ᠨ ᠮᠣᠭᠠᠢ ᠴᠠᠭ ᠭᠡᠮᠡᠨ ᠪᠢᠴᠢᠵᠦ ᠶᠠᠪᠤᠭᠤᠯᠪᠠ᠃ ᠮᠤᠬᠤᠯᠢ᠂ ᠴᠠᠰ ᠠᠭᠤᠯᠠ ᠶ᠋ᠢ ᠪᠡᠶ᠎ᠡ ᠪᠡᠷ ᠦᠳᠡᠭᠰᠡᠨ ᠳ᠋ᠦ᠍ᠷ ᠴᠠᠰ ᠠᠭᠤᠯᠠ ᠨᠢᠯᠪᠤᠰᠤᠨ ᠤᠨᠠᠭᠠᠨ ᠳᠠᠭᠤᠨ ᠦᠭᠡᠢ ᠰᠠᠯᠵᠤ᠂ ᠴᠡᠷᠢᠭ ᠦ᠋ᠨ ᠬᠦᠷᠢᠶ᠎ᠡ ᠳ᠋ᠦ᠍ᠷ ᠢ᠋ᠶ᠋ᠡᠨ ᠢᠷᠡᠵᠦ᠂ ᠪᠧᠲ᠋ᠠ᠋ ᠤᠯᠤᠰ ᠤ᠋ᠨ ᠬᠠᠷᠢᠭᠤ ᠪᠢᠴᠢᠭ ᠢ᠋ ᠲᠤᠰᠢᠶᠠᠵᠤ ᠠᠯᠠᠬᠤ ᠶ᠋ᠢ ᠬᠦᠯᠢᠶᠡᠬᠦᠢ ᠳ᠋ᠦ᠍ᠷ ᠠᠷᠰᠯᠠᠨ ᠬᠠᠭᠠᠨ ᠥᠭᠦᠯᠡᠷᠦᠨ᠄《ᠴᠢᠨᠦ ᠡᠨᠡ ᠨᠠᠮᠠᠶ᠋ᠢ ᠢᠴᠢᠭᠡᠬᠦ ᠪᠣᠯᠠᠢ᠂ ᠤᠴᠢᠷ ᠦᠭᠡᠢ ᠶᠠᠭᠤᠨ ᠳ᠋ᠤᠷ ᠠᠯᠠᠮᠤᠢ? ᠮᠥᠨ ᠬᠦ᠌ ᠬᠡᠪ ᠢ᠋ᠶ᠋ᠡᠷ ᠠᠪᠠᠴᠢᠵᠤ ᠬᠣᠷᠢᠭᠤᠯ ᠲᠡᠷᠭᠡ ᠳ᠋ᠦ᠍ᠷ ᠬᠣᠷᠢ᠂ ᠴᠡᠷᠢᠭ ᠲᠠᠢᠯᠵᠤ ᠡᠭᠡᠬᠦᠢ ᠳ᠋ᠦ᠍ᠷ ᠳᠡᠢᠯᠦᠭᠰᠡᠨ ᠴᠡᠷᠢᠭ ᠦ᠋ᠨ ᠲᠤᠭ ᠢ᠋ ᠡᠭᠦᠨ ᠢ᠋ᠶ᠋ᠡᠷ ᠳᠠᠬᠢᠵᠤ᠂ ᠡᠭᠦᠨ ᠦ᠌ ᠠᠮᠠᠨ ᠢ᠋ ᠪᠥᠭᠯᠡᠵᠦ ᠠᠯᠠᠶ᠎ᠠ!》ᠭᠡᠮᠡᠨ ᠬᠣᠷᠢᠭᠤᠯᠤᠭᠠᠳ ᠳᠠᠷᠤᠢ ᠳᠥᠷᠪᠡᠨ ᠵᠠᠩᠵᠤᠨ ᠢ᠋ᠶ᠋ᠠᠨ ᠠᠪᠴᠤ ᠵᠢᠴᠢ ᠡᠳᠦᠷ ᠬᠠᠷ᠎ᠠ ᠬᠢᠭᠦᠯ ᠦ᠋ᠨ ᠶᠡᠬᠡ ᠲᠠᠯ᠎ᠠ ᠳ᠋ᠤᠷ ᠬᠣᠶᠠᠷ ᠡᠲᠡᠭᠡᠳ ᠦ᠋ᠨ ᠴᠡᠷᠢᠭ ᠵᠢᠭᠰᠠᠭᠠᠯ ᠵᠢᠭᠰᠠᠭᠠᠭᠰᠠᠨ᠎ᠠ᠂ ᠠᠷᠰᠯᠠᠨ ᠬᠠᠭᠠᠨ᠂ ᠬᠠᠭᠠᠨ ᠤ᠋ ᠲᠤᠭ ᠳᠠᠯᠪᠠᠭ᠎ᠠ ᠬᠠᠯᠬᠠᠪᠴᠢ ᠴᠢᠮᠡᠭ ᠰᠢᠬᠦᠷ ᠪᠠᠷᠢᠭᠤᠯᠵᠤ ᠴᠡᠷᠢᠭ ᠦ᠋ᠨ ᠡᠮᠦᠨ᠎ᠡ ᠭᠠᠷᠴᠤ ᠥᠨᠳᠥᠷ ᠳᠠᠭᠤᠨ ᠢ᠋ᠶ᠋ᠠᠷ ᠥᠭᠦᠯᠡᠷᠦᠨ᠄《ᠡᠨᠡ ᠡᠳᠦᠷ ᠬᠣᠶᠠᠷ ᠡᠲᠡᠭᠡᠳ ᠦ᠋ᠨ ᠬᠤᠯᠠᠭᠤᠨ ᠬᠠᠷᠪᠤᠬᠤ ᠪᠠ ᠴᠢᠯᠠᠭᠤ ᠪᠠᠷ ᠴᠣᠬᠢᠬᠤ ᠵᠦᠢᠯ ᠢ᠋ ᠬᠡᠨ ᠤᠷᠢᠳᠠ ᠦᠢᠯᠡᠳᠪᠡᠰᠦ ᠲᠡᠷᠡ ᠳᠠᠷᠤᠢ ᠲᠡᠭᠦᠨ ᠦ᠌ ᠡᠴᠢᠭᠡ ᠶ᠋ᠢᠨ ᠦᠷᠡᠰ ᠪᠤᠰᠤ᠂ ᠬᠠᠷᠯᠢᠭᠤᠳ ᠤᠯᠤᠰ ᠤ᠋ᠨ ᠬᠠᠭᠠᠨ ᠠᠷᠰᠯᠠᠨ ᠪᠢ ᠬᠠᠷᠠᠬᠠᠨ ᠬᠡᠳᠦᠢᠨᠡᠢ ᠲᠡᠮᠦᠵᠢᠨ ᠢ᠋ ᠲᠡᠭᠷᠢ ᠶ᠋ᠢᠨ ᠬᠥᠪᠡᠭᠦᠨ ᠭᠡᠮᠡᠨ ᠰᠣᠨᠣᠰᠪᠠ᠃ ᠬᠠᠷ᠎ᠠ ᠲᠡᠷᠢᠭᠦᠲᠦ ᠥᠴᠦᠬᠡᠨ ᠬᠥᠮᠦᠨ ᠪᠥᠭᠡᠲᠡᠯ᠎ᠡ ᠬᠠᠷᠢᠶ᠎ᠠ ᠦᠭᠡᠢ ᠶᠠᠭᠠᠬᠢᠨ ᠲᠡᠭᠷᠢ ᠶ᠋ᠢᠨ ᠬᠥᠪᠡᠭᠦᠨ ᠬᠡᠮᠡᠮᠦᠢ᠂ ᠬᠠᠨᠳᠤᠭᠰᠠᠨ ᠵᠦᠭ ᠡᠰᠡᠷᠭᠦᠴᠡᠯ ᠦᠭᠡᠢ ᠪᠢ᠂ ᠬᠠᠭᠠᠨ ᠴᠣᠯᠠᠲᠤ ᠲᠡᠮᠦᠵᠢᠨ ᠢ᠋ ᠠᠯᠠᠬᠤ ᠶ᠋ᠢᠨ ᠤᠷᠢᠳᠠ᠂ ᠬᠠᠢᠷᠠᠬᠠᠨ ᠪᠡᠶ᠎ᠡ ᠶ᠋ᠢ ᠢᠨᠤ ᠤᠴᠠᠷᠠᠵᠤ ᠦᠵᠡᠶ᠎ᠡ᠂ ᠬᠠᠮᠤᠭ ᠬᠥᠮᠦᠨ ᠦ᠌ ᠬᠡᠯᠡᠭᠰᠡᠨ ᠯᠦ᠋ᠭᠡ ᠨᠡᠢᠴᠡᠮᠦᠢ ᠦᠦ ᠦᠭᠡᠢ ᠦᠦ ?》ᠬᠡᠮᠡᠭᠰᠡᠨ ᠳ᠋ᠦ᠍ᠷ ᠮᠤᠬᠤᠯᠢ ᠪᠣᠯᠤᠮᠤᠢ ᠪᠣᠯᠤᠮᠤᠢ ᠬᠡᠮᠡᠵᠦ ᠵᠢᠭᠰᠠᠭᠠᠯ ᠳ᠋ᠤᠷ ᠣᠷᠣᠵᠤ ᠤᠳᠠᠭᠰᠠᠨ ᠦᠭᠡᠢ᠂ ᠤᠯᠠᠭᠠᠨ ᠰᠢᠬᠦᠷ ᠲᠤᠭ ᠬᠢᠭᠢᠷᠢ ᠳᠠᠯᠪᠠᠭ᠎ᠠ ᠦᠵᠡᠭᠳᠡᠵᠦ᠂ ᠳᠡᠭᠡᠷ᠎ᠡ ᠴᠥᠮ ᠠᠯᠲᠠᠨ ᠤ᠋ ᠠᠷᠰᠯᠠᠨ ᠢ᠋ ᠰᠡᠢᠯᠵᠦ᠂ ᠴᠡᠷᠢᠭ ᠦ᠋ᠨ ᠳᠣᠲᠣᠷ᠎ᠠ ᠨᠠᠷᠢᠨ ᠬᠥᠭᠵᠢᠮ ᠦ᠋ᠨ ᠳᠠᠭᠤᠨ ᠭᠠᠷᠴᠤ ᠰᠠᠢᠬᠠᠨ ᠦᠨᠦᠷ ᠠᠩᠬᠢᠯᠤᠨ ᠰᠠᠯᠬᠢᠨ ᠳᠣᠣᠷ᠎ᠠ ᠦᠨᠦᠷᠲᠦᠵᠦ᠂ ᠭᠤᠷᠪᠠᠨ ᠵᠡᠷᠭᠡ ᠶᠡᠬᠡ ᠬᠡᠩᠭᠡᠷᠭᠡ ᠳᠤᠤᠭᠠᠷᠴᠤ ᠲᠠᠪᠤᠨ ᠳᠠᠪᠬᠤᠷ ᠪᠦᠷᠢᠶ᠎ᠡ ᠦᠯᠢᠶᠡᠨ᠂ ᠶᠢᠰᠦᠨ ᠬᠠᠭᠠᠯᠭ᠎ᠠ ᠶ᠋ᠢᠨ ᠲᠤᠭ ᠳᠠᠷᠠᠭᠠᠯᠠᠨ ᠭᠠᠷᠴᠤ ᠲᠠᠢᠽᠦ ᠶ᠋ᠢᠨ ᠰᠢᠳᠠᠷ ᠠᠷᠪᠠᠨ ᠳᠥᠷᠪᠡᠨ ᠪᠠᠭ᠎ᠠ ᠵᠠᠩᠵᠤᠨ ᠪᠠ ᠮᠤᠬᠤᠯᠢ ᠲᠡᠷᠢᠭᠦᠯᠡᠨ ᠲᠠᠪᠤᠨ ᠪᠠᠷᠰ ᠤ᠋ᠨ ᠵᠠᠩᠵᠤᠨ ᠯᠤᠭ᠎ᠠ ᠬᠣᠷᠢᠨ ᠵᠠᠩᠵᠤᠨ ᠨᠠᠷ ᠴᠥᠮ ᠮᠥᠩᠭᠥᠨ ᠦ᠌ ᠬᠤᠶᠠᠭ ᠳᠤᠭᠤᠯᠠᠭ᠎ᠠ ᠡᠮᠦᠰᠴᠦ ᠪᠠᠷᠰ ᠤ᠋ᠨ ᠠᠷᠠᠰᠤᠨ ᠬᠤᠶᠠᠭ᠂ ᠪᠤᠯᠠᠭ᠎ᠠ ᠶ᠋ᠢᠨ ᠦᠰᠦᠨ ᠦ᠌ ᠮᠥᠷᠥᠪᠴᠢ ᠵᠡᠭᠦᠵᠦ ᠬᠣᠶᠠᠷ ᠠᠢᠮᠠᠭᠯᠠᠨ ᠭᠠᠷᠴᠤ ᠢᠷᠡᠭᠡᠳ ᠳᠠᠭᠠᠯᠳᠤᠭ᠎ᠠ ᠲᠠᠪᠤᠨ ᠲᠣᠬᠣᠢ ᠶᠡᠬᠡ ᠪᠠᠮᠪᠠᠢ ᠪᠠᠷᠢᠭᠰᠠᠨ ᠪᠠᠷᠰ ᠤ᠋ᠨ ᠠᠷᠠᠰᠤᠨ ᠤ᠋ ᠳᠡᠪᠡᠯᠲᠦ ᠵᠠᠭᠤᠨ ᠴᠡᠷᠢᠭ ᠵᠢᠭᠰᠠᠭᠠᠵᠤ᠂ ᠠᠯᠲᠠᠨ ᠤ᠋ ᠫᠠᠢ᠂ ᠮᠥᠩᠭᠥᠨ ᠦ᠌ ᠵᠡᠪᠰᠡᠭ ᠨᠠᠷᠠᠨ ᠳ᠋ᠤᠷ ᠭᠢᠯᠪᠠᠰᠤᠨ ᠬᠥᠳᠡᠯᠵᠦ᠂ ᠵᠢᠷᠭᠤᠭᠠᠨ ᠬᠣᠣᠰ ᠠᠯᠲᠠ ᠤᠯᠠᠭᠠᠨ ᠠᠷᠰᠯᠠᠨᠲᠤ ᠰᠢᠭᠦᠷ ᠬᠣᠣᠰᠯᠠᠨ ᠭᠠᠷᠴᠤ ᠪᠠᠰᠠ ᠳᠥᠷᠪᠡᠨ ᠬᠣᠣᠰ ᠣᠭᠣᠰᠣᠷᠲᠤ ᠠᠯᠲᠠᠨ ᠬᠦᠯᠢᠯ ᠭᠠᠷᠴᠤ ᠢᠷᠡᠭᠡᠳ ᠳᠠᠷᠠᠭ᠎ᠠ ᠨᠠᠢ᠍ᠮᠠᠨ ᠶᠡᠬᠡ ᠤᠯᠠᠭᠠᠨ ᠠᠯᠲᠠᠨ ᠠᠷᠰᠯᠠᠨᠲᠤ ᠪᠣᠰᠤᠭ᠎ᠠ ᠬᠢᠭᠢᠷᠢ ᠵᠠᠪᠰᠠᠷ ᠦᠭᠡᠢ ᠨᠡᠢᠯᠡᠭᠰᠡᠭᠡᠷ ᠬᠠᠭᠠᠨ ᠢ᠋ᠶ᠋ᠠᠨ ᠳᠠᠭᠠᠯᠳᠤᠨ ᠭᠠᠷᠴᠤ ᠢᠷᠡᠮᠡᠭᠴᠡ ᠨᠠᠷᠢᠨ ᠬᠥᠭᠵᠢᠮ ᠬᠣᠶᠠᠷ ᠠᠩᠭᠢ ᠳ᠋ᠤᠷ ᠡᠭᠦᠰᠬᠡᠨ ᠫᠤᠤ ᠶ᠋ᠢᠨ ᠳᠠᠭᠤᠨ ᠭᠤᠷᠪᠠᠨᠲᠠ ᠭᠠᠷᠤᠮᠠᠭᠴᠠ ᠠᠯᠲᠠᠨ ᠵᠦᠩ ᠭᠤᠷᠪᠠᠨᠲᠠ ᠳᠠᠭᠤᠷᠢᠰᠴᠤ ᠲᠠᠢᠽᠦ ᠶ᠋ᠢᠨ ᠪᠡᠶ᠎ᠡ ᠢᠯᠡᠷᠡᠨ ᠭᠠᠷᠪᠠ᠄ ᠲᠡᠷᠢᠭᠦᠨ ᠳ᠋ᠦ᠍ᠷ ᠰᠤᠪᠤᠳ ᠤ᠋ᠨ ᠰᠢᠭᠢᠳᠭᠡᠷᠢᠲᠦ ᠠᠯᠲᠠᠨ ᠳᠤᠭᠤᠯᠠᠭ᠎ᠠ᠂ ᠪᠡᠶ᠎ᠡ ᠳ᠋ᠦ᠍ᠷ ᠮᠥᠨ ᠬᠦ᠌ ᠰᠤᠪᠤᠳ ᠤ᠋ᠨ ᠰᠢᠭᠢᠳᠭᠡᠷᠢᠲᠦ ᠠᠷᠠᠰᠯᠠᠨᠲᠤ ᠠᠯᠲᠠᠲᠤ ᠬᠤᠶᠠᠭ᠂ ᠥᠨᠳᠥᠷ ᠲᠣᠯᠣᠭᠠᠢᠲᠤ ᠴᠠᠭᠠᠨ ᠰᠠᠷᠠᠯ ᠯᠤᠤ ᠶ᠋ᠢᠨ ᠮᠣᠷᠢ ᠤᠨᠤᠵᠤ᠂ ᠨᠢᠭᠤᠷ ᠤ᠋ᠨ ᠥᠩᠭᠡ ᠠᠷᠢᠯᠤᠭᠰᠠᠨ ᠬᠥᠬᠡᠮᠳᠦᠭ ᠣᠭᠲᠠᠷᠭᠤᠢ ᠮᠡᠲᠦ᠂ ᠬᠦᠷᠢ ᠬᠣᠷᠣᠬᠠᠢ ᠶ᠋ᠢᠨ ᠬᠥᠮᠥᠰᠬᠡ ᠳ᠋ᠦ᠍ᠷ ᠲᠦᠮᠡᠨ ᠬᠢᠵᠠᠭᠠᠷ ᠢ᠋ ᠣᠨᠢᠰᠤᠯᠠᠵᠤ᠂ ᠭᠡᠭᠡᠨ ᠣᠳᠣᠨ ᠤ᠋ ᠨᠢᠳᠦᠨ ᠳ᠋ᠦ᠍ᠷ ᠨᠡᠢᠭᠡᠮ ᠠᠮᠢᠲᠠᠨ ᠢ᠋ ᠬᠠᠷᠠᠭᠠᠯᠵᠠᠮᠤᠢ᠃ ᠰᠠᠢᠬᠠᠨ ᠰᠠᠬᠠᠯ ᠭᠡᠷᠡᠯᠲᠦ ᠨᠢᠭᠤᠷ ᠲᠤᠷ ᠭᠤᠷᠪᠠᠨ ᠲᠥᠭᠡ ᠤᠷᠭᠤᠵᠤ᠂ ᠶᠡᠬᠡ ᠴᠢᠬᠢ ᠬᠣᠶᠠᠷ ᠮᠥᠷᠥ ᠳ᠋ᠦ᠍ᠷ ᠬᠦᠷᠴᠦᠬᠦᠢ᠃ ᠬᠣᠶᠠᠷ ᠭᠠᠷ ᠤ᠋ᠨ ᠠᠯᠠᠭ᠎ᠠ ᠳ᠋ᠤᠷ ᠬᠣᠲᠠᠯᠠ ᠤᠯᠤᠰ ᠢ᠋ ᠠᠳᠬᠤᠵᠤ᠂ ᠬᠡᠬᠦᠳᠡᠭ ᠦ᠋ᠨ ᠳᠣᠲᠣᠷ᠎ᠠ ᠠᠯᠲᠠᠨ ᠳᠡᠯᠡᠬᠡᠢ ᠶ᠋ᠢ ᠪᠠᠭᠲᠠᠭᠠᠵᠤᠬᠤᠢ᠃ ᠠᠷᠰᠯᠠᠨ ᠬᠠᠭᠠᠨ ᠠᠩᠬᠠᠨ ᠳ᠋ᠤᠷ ᠲᠡᠭᠷᠢ ᠶ᠋ᠢᠨ ᠵᠢᠭᠰᠠᠭᠠᠯ ᠢ᠋ ᠦᠵᠡᠭᠡᠳ ᠬᠠᠪᠠᠷ ᠢ᠋ᠶ᠋ᠠᠨ ᠱᠠᠩᠨᠠᠢᠨ ᠢᠨᠢᠶᠡᠬᠦ ᠪᠣᠯᠠᠢ᠃ ᠬᠣᠢᠨ᠎ᠠ ᠵᠢᠭᠰᠠᠭᠠᠯ ᠳᠠᠷᠠᠭ᠎ᠠ ᠳᠠᠷᠠᠭ᠎ᠠ ᠪᠠᠷ ᠢᠷᠡᠭᠰᠡᠭᠡᠷ ᠭᠡᠨᠡᠳᠲᠡ ᠶᠡᠬᠡ ᠬᠢᠭᠢᠷᠢ ᠬᠣᠶᠠᠷ ᠠᠩᠭᠢ ᠢᠷᠡᠵᠦ ᠲᠠᠢᠽᠦ ᠶ᠋ᠢᠨ ᠡᠨᠡ ᠮᠡᠲᠦ ᠰᠦᠷᠲᠦ ᠴᠣᠭᠴᠠᠰ ᠢ᠋ ᠦᠵᠡᠭᠡᠳ ᠳᠣᠲᠣᠷ᠎ᠠ ᠭᠡᠨᠡᠳᠲᠡ ᠵᠢᠷᠦᠬᠡ ᠲᠦᠭᠰᠢᠵᠦ ᠠᠷᠠᠢ ᠮᠣᠷᠢᠨ ᠠ᠋ᠴᠠ ᠬᠠᠷᠠᠢᠨ ᠪᠠᠭᠤᠬᠤ ᠰᠢᠬᠠᠵᠤ ᠰᠠᠢ ᠰᠡᠬᠡᠰᠬᠢᠵᠦ ᠥᠨᠳᠥᠷ ᠳᠠᠭᠤᠨ ᠢ᠋ᠶ᠋ᠠᠷ ᠥᠭᠦᠯᠡᠷᠦᠨ᠄《ᠪᠢ ᠲᠡᠭᠷᠢ ᠳ᠋ᠦ᠍ᠷ ᠭᠠᠷᠴᠤ ᠲᠡᠭᠷᠢ ᠶ᠋ᠢᠨ ᠬᠥᠪᠡᠭᠦᠨ ᠢ᠋ ᠦᠵᠡᠭᠰᠡᠨ ᠦᠭᠡᠢ ᠲᠤᠯᠠ ᠪᠧᠲ᠋ᠠ᠋ ᠤᠯᠤᠰ ᠤ᠋ᠨ ᠡᠵᠡᠨ ᠲᠡᠭᠷᠢ ᠶ᠋ᠢᠨ ᠬᠥᠪᠡᠭᠦᠨ ᠦ᠌ ᠪᠠᠢᠳᠠᠯ ᠲᠠᠢ ᠪᠠ ᠦᠭᠡᠢ ᠶ᠋ᠢ ᠲᠠᠨᠢᠵᠤ ᠦᠯᠦ ᠴᠢᠳᠠᠮᠤᠢ᠃ ᠭᠠᠭᠴᠠ ᠡᠨᠡ ᠳᠦᠷᠰᠦ ᠢᠨᠤ ᠬᠠᠷᠢᠨ  ᠰᠦᠮ᠎ᠡ ᠬᠡᠢᠳ ᠲᠦ᠍ᠷ ᠪᠦᠬᠦᠢ ᠬᠤᠪᠢᠯᠭᠠᠨ ᠰᠠᠬᠢᠭᠤᠯᠰᠤᠨ ᠳ᠋ᠤᠷ ᠪᠠᠷᠤᠭᠲᠠᠢ᠂ ᠡᠩ ᠦ᠋ᠨ ᠵᠡᠷᠭᠡ ᠶ᠋ᠢᠨ ᠬᠥᠮᠦᠨ ᠡᠴᠡ ᠭᠠᠢᠬᠠᠮᠰᠢᠭᠲᠠᠢ ᠰᠦᠷᠲᠡᠢ ᠢᠨᠦ ᠦᠨᠡᠨ᠂ ᠦᠨᠡᠬᠡᠷ ᠮᠠᠨ ᠮᠠᠨ ᠠ᠋ᠴᠠ ᠰᠦᠷ ᠭᠡᠷᠡᠯᠲᠡᠢ᠃ ᠭᠠᠭᠴᠠ ᠲᠡᠢᠨ ᠪᠣᠯᠪᠠᠴᠤ ᠥᠪᠡᠷ ᠦ᠋ᠨ ᠤᠯᠤᠰ ᠢ᠋ᠶ᠋ᠠᠨ ᠡᠵᠡᠯᠡᠨ ᠠᠪᠤᠪᠠᠰᠤ ᠰᠠᠢ ᠲᠡᠭᠷᠢ ᠬᠡᠮᠡᠬᠦ ᠪᠣᠢ ᠶ᠎ᠡ ᠂ ᠶᠠᠭᠤᠨ ᠳ᠋ᠤᠷ ᠪᠠᠰᠠ ᠬᠠᠷᠢᠶ᠎ᠠ ᠦᠭᠡᠢ ᠣᠯᠠᠨ ᠤᠯᠤᠰ ᠠᠢᠮᠠᠭ ᠤ᠋ᠳ ᠢ᠋ ᠴᠥᠮ ᠳᠠᠷᠤᠯᠠᠨ ᠬᠤᠷᠢᠶᠠᠭᠰᠠᠨ ᠠᠨᠤ ᠶᠠᠭᠤᠨ?》 ᠬᠡᠮᠡᠭᠰᠡᠨ ᠳ᠋ᠦ᠍ᠷ ᠲᠠᠢᠽᠦ ᠮᠥᠨ ᠶᠡᠬᠡ ᠳᠠᠭᠤᠨ ᠢ᠋ᠶ᠋ᠠᠷ ᠥᠴᠢᠷᠦᠨ᠄《ᠪᠢ ᠪᠤᠰᠤᠳ ᠢ᠋ ᠡᠷᠢᠨ ᠬᠠᠯᠳᠠᠭᠰᠠᠨ ᠭᠠᠵᠠᠷ ᠨᠢᠭᠡᠨ ᠴᠦ᠍ ᠦᠭᠡᠢ᠂ ᠣᠨᠴᠠ ᠨᠠᠳᠠ ᠯᠤᠭ᠎ᠠ ᠬᠠᠯᠳᠠᠷ᠎ᠠ ᠢᠷᠡᠭᠰᠡᠨ ᠳ᠋ᠦ᠍ᠷ ᠡᠰᠡ ᠬᠠᠷᠢᠭᠤᠯᠪᠠᠰᠤ ᠪᠣᠯᠬᠤ ᠦᠭᠡᠢ ᠲᠤᠯᠠ ᠲᠡᠳᠡᠭᠡᠷ ᠣᠯᠠᠨ ᠠᠢᠮᠠᠭ ᠤ᠋ᠳ ᠥᠪᠡᠷᠲᠡᠭᠡᠨ ᠳᠠᠷᠤᠭᠳᠠᠵᠤ ᠣᠷᠣᠵᠤ ᠥᠭᠭᠦᠭᠰᠡᠨ ᠪᠥᠯᠥᠭᠡ᠃ ᠦᠵᠡᠲᠡᠯ᠎ᠡ ᠴᠢ ᠡᠳᠦᠭᠡ ᠢᠯᠡᠷᠭᠡᠶ᠎ᠡ ᠨᠠᠮᠠᠶ᠋ᠢ ᠬᠠᠯᠳᠠᠷ᠎ᠠ ᠢᠷᠡᠭᠰᠡᠨ ᠪᠥᠭᠡᠲᠡᠯ᠎ᠡ ᠪᠢ ᠬᠡᠷᠬᠢᠨ ᠳᠤᠲᠠᠭᠠᠵᠤ ᠡᠴᠢᠮᠦᠢ!》 ᠬᠡᠮᠡᠭᠰᠡᠨ ᠳ᠋ᠦ᠍ᠷ ᠠᠷᠰᠯᠠᠨ ᠬᠠᠭᠠᠨ ᠠᠮᠠ ᠪᠠᠨ ᠪᠥᠭᠯᠡᠭᠳᠡᠵᠦ᠂ ᠪᠠᠰᠠ ᠠᠰᠠᠭᠤᠷᠤᠨ᠄ 《ᠪᠢ ᠰᠣᠨᠣᠰᠪᠠᠰᠤ ᠪᠧᠲ᠋ᠠ᠋ ᠤᠯᠤᠰ ᠬᠡᠮᠡᠭᠴᠢ ᠦᠶ᠎ᠡ ᠦᠶ᠎ᠡ ᠬᠣᠢᠲᠤ ᠭᠠᠵᠠᠷ ᠤ᠋ᠨ ᠬᠠᠭᠠᠨ ᠰᠠᠭᠤᠭᠰᠠᠭᠠᠷ ᠢᠷᠡᠪᠡ᠂ ᠴᠢᠨᠦ ᠡᠪᠦᠭᠡ ᠬᠠᠪᠤᠯ ᠬᠠᠨ ᠳ᠋ᠤᠷ ᠬᠦᠷᠲᠡᠯ᠎ᠡ ᠴᠥᠮ ᠬᠠᠭᠠᠨ ᠰᠠᠭᠤᠬᠤ ᠪᠥᠭᠡᠳ ᠴᠢ ᠡᠳᠦᠭᠡ ᠡᠨᠡ ᠮᠡᠲᠦ ᠬᠠᠭᠠᠨ ᠠ᠋ᠴᠠ ᠢᠯᠡᠭᠦᠦ ᠰᠥᠷᠯᠡᠨ ᠶᠠᠪᠤᠬᠤ ᠠᠲᠠᠯ᠎ᠠ ᠬᠠᠭᠠᠨ ᠦᠯᠦ ᠰᠠᠭᠤᠬᠤ ᠠᠨᠤ ᠶᠠᠭᠤᠨ?》 ᠲᠠᠢᠽᠦ ᠥᠴᠢᠷᠦᠨ᠄《ᠬᠠᠭᠠᠨ ᠬᠥᠮᠦᠨ ᠰᠠᠢ ᠬᠠᠭᠠᠨ ᠰᠠᠭᠤᠮᠤᠢ᠃ ᠬᠠᠭᠠᠨ ᠪᠤᠰᠤ ᠬᠥᠮᠦᠨ ᠬᠡᠷᠬᠢᠨ ᠬᠠᠭᠠᠨ ᠰᠠᠭᠤᠮᠤᠢ? ᠨᠠᠳᠠ ᠳ᠋ᠤᠷ ᠬᠠᠭᠠᠨ ᠬᠥᠮᠦᠨ ᠦ᠌ ᠡᠷᠳᠡᠮ ᠦᠭᠡᠢ ᠪᠥᠭᠡᠲᠡᠯ᠎ᠡ ᠪᠢ ᠬᠡᠷᠬᠢᠨ ᠬᠠᠭᠠᠨ ᠰᠠᠭᠤᠮᠤᠢ? ᠲᠠᠨ ᠤ᠋ ᠮᠡᠲᠦ ᠲᠡᠢᠮᠦ ᠬᠠᠭᠠᠨ ᠢ᠋ ᠰᠠᠭᠤᠬᠤᠢ ᠳ᠋ᠤᠷ ᠶᠠᠮᠪᠠᠷ ᠪᠡᠷᠬᠡ᠃ ᠭᠠᠭᠴᠠ ᠬᠠᠭᠠᠨ ᠤ᠋ ᠡᠷᠳᠡᠮ ᠢ᠋ᠶ᠋ᠡᠷ ᠶᠠᠪᠤᠳᠠᠯ ᠢ᠋ ᠶᠠᠪᠤᠵᠤ ᠴᠢᠳᠠᠬᠤ ᠠᠨᠤ ᠪᠡᠷᠬᠡ᠂ ᠲᠡᠢᠨ ᠬᠦ᠌ ᠪᠢ ᠠᠶᠤᠮᠰᠢᠭ ᠦᠭᠡᠢ ᠬᠠᠭᠠᠨ ᠦᠯᠦ ᠰᠠᠭᠤᠮᠤᠢ᠃ 》ᠠᠷᠰᠯᠠᠨ ᠬᠠᠭᠠᠨ ᠠᠰᠠᠭᠤᠷᠤᠨ᠄《ᠬᠠᠭᠠᠨ ᠬᠥᠮᠦᠨ ᠦ᠌  ᠶᠠᠪᠤᠳᠠᠯ ᠬᠡᠮᠡᠭᠴᠢ ᠶᠠᠭᠤᠨ ᠪᠣᠢ?》ᠲᠠᠢᠽᠦ  ᠥᠴᠢᠷᠦᠨ᠄《ᠬᠠᠭᠠᠨ ᠬᠥᠮᠦᠨ ᠦ᠌ ᠶᠠᠪᠤᠳᠠᠯ ᠬᠡᠮᠡᠭᠴᠢ᠄ ᠦᠰᠦ ᠬᠢᠯᠭᠠᠰᠤᠨ ᠲᠡᠳᠦᠢ ᠬᠠᠭᠤᠷᠮᠠᠭ ᠦᠭᠡᠢ᠂ ᠦᠭᠡ ᠪᠦᠷᠢ ᠦᠨᠡᠨ ᠪᠣᠯᠪᠠᠰᠤ ᠲᠡᠷᠡ ᠰᠠᠢ ᠬᠠᠭᠠᠨ ᠤ᠋ ᠶᠠᠪᠤᠳᠠᠯ᠃ 》ᠠᠷᠰᠯᠠᠨ ᠬᠠᠭᠠᠨ ᠥᠭᠦᠯᠡᠷᠦᠨ᠄《ᠡᠳᠦᠭᠡ ᠴᠢᠨᠦ ᠦᠭᠡ ᠪᠦᠷᠢ ᠴᠥᠮ ᠬᠤᠳᠠᠯ ᠪᠤᠶᠤ!》 ᠲᠠᠢᠽᠦ ᠮᠦᠰᠢᠶᠡᠨ ᠥᠭᠦᠯᠡᠷᠦᠨ᠄《ᠬᠡᠳᠦᠢ ᠲᠡᠢᠨ ᠦᠭᠡᠢ ᠪᠣᠯᠪᠠᠴᠤ ᠥᠪᠡᠷ ᠦ᠋ᠨ ᠶᠠᠪᠤᠳᠠᠯ ᠢ᠋ ᠥᠪᠡᠷ ᠢ᠋ᠶ᠋ᠡᠨ ᠪᠠᠲᠤᠯᠠᠨ ᠦᠯᠦ ᠴᠢᠳᠠᠮᠤᠢ᠂ ᠡᠳᠦᠷ ᠪᠦᠷᠢ ᠪᠣᠳᠣᠪᠠᠰᠤ ᠤᠷᠢᠳᠤ ᠶ᠋ᠢᠨ ᠡᠳᠦᠷ ᠦ᠋ᠨ ᠶᠠᠪᠤᠭᠰᠠᠨ ᠪᠤᠷᠤᠭᠤ ᠪᠠᠨ ᠮᠡᠳᠡᠵᠦ ᠭᠡᠮᠰᠢᠬᠦ ᠰᠠᠨᠠᠭᠠᠨ ᠲᠠᠰᠤᠷᠠᠭᠠᠳᠤᠢ ᠲᠤᠯᠠ ᠲᠡᠢᠨ ᠬᠦ᠌ ᠥᠪᠡᠷ ᠦ᠋ᠨ ᠭᠡᠮ ᠠᠷᠢᠯᠤᠨ ᠳᠠᠭᠤᠰᠤᠭᠠᠳᠤᠢ ᠪᠠᠨ ᠮᠡᠳᠡᠮᠦᠢ᠃ 》ᠠᠷᠰᠯᠠᠨ ᠬᠠᠭᠠᠨ ᠠᠰᠠᠭᠤᠷᠤᠨ᠄《ᠠᠶᠤᠮᠰᠢᠭ ᠦᠭᠡᠢ ᠬᠡᠮᠡᠬᠦ ᠢᠨᠤ ᠬᠡᠨ ᠡᠴᠡ ᠠᠶᠤᠮᠰᠢᠭ ᠦᠭᠡᠢ ᠬᠡᠮᠡᠬᠦ ᠪᠣᠢ?》 ᠲᠠᠢᠽᠦ ᠥᠴᠢᠷᠦᠨ᠄《ᠳᠡᠭᠡᠳᠦ ᠲᠡᠭᠷᠢ ᠡᠴᠡ ᠠᠶᠤᠮᠰᠢᠭ ᠦᠭᠡᠢ ᠪᠤᠶᠤ!》 ᠠᠷᠰᠯᠠᠨ ᠠᠰᠠᠭᠤᠷᠤᠨ᠄《ᠲᠡᠢᠮᠦ ᠪᠣᠯᠪᠠᠰᠤ ᠮᠠᠨ ᠤ᠋ ᠬᠣᠢᠲᠤ ᠭᠠᠵᠠᠷ ᠤ᠋ᠨ ᠲᠡᠳᠡᠭᠡᠷ ᠣᠯᠠᠨ ᠬᠠᠭᠠᠳ ᠨᠠᠷ ᠬᠡᠷᠬᠢᠨ ᠴᠥᠮ ᠬᠠᠭᠠᠨ ᠰᠠᠭᠤᠪᠠ?》 ᠲᠠᠢᠽᠦ ᠮᠦᠰᠢᠶᠡᠨ ᠥᠭᠦᠯᠡᠷᠦᠨ᠄《ᠲᠡᠳᠡᠭᠡᠷ ᠬᠠᠭᠠᠨ ᠲᠡᠷᠡ ᠮᠡᠲᠦ ᠲᠡᠭᠷᠢ ᠶ᠋ᠢ ᠰᠥᠷᠦᠭᠰᠡᠨ ᠲᠤᠯᠠ ᠡᠳᠦᠭᠡ ᠴᠥᠮ ᠨᠠᠳᠠ ᠳ᠋ᠤᠷ ᠳᠠᠷᠤᠭᠳᠠᠵᠤ ᠪᠢ ᠬᠠᠭᠠᠨ ᠢ᠋ ᠠᠨᠤ ᠪᠠᠢᠯᠭᠠᠪᠠ᠃》 ᠠᠷᠰᠯᠠᠨ ᠠᠰᠠᠭᠤᠷᠤᠨ᠄《ᠪᠢ ᠡᠳᠦᠭᠡ ᠪᠠᠰᠠ ᠬᠠᠭᠠᠨ᠂ ᠴᠢ ᠨᠠᠮᠠᠶ᠋ᠢ ᠬᠡᠷᠬᠢᠮᠦᠢ?》  ᠲᠠᠢᠽᠦ ᠥᠭᠦᠯᠡᠷᠦᠨ᠄《ᠪᠢ ᠴᠢᠮᠠᠶ᠋ᠢ ᠰᠠᠢᠨ ᠢ᠋ᠶ᠋ᠠᠷ ᠤᠬᠠᠭᠤᠯᠵᠤ ᠬᠠᠭᠠᠨ ᠢ᠋ᠶ᠋ᠠᠨ ᠪᠠᠢᠭᠠᠳ ᠨᠠᠳᠠ ᠳ᠋ᠤᠷ ᠠᠯᠪᠠ ᠪᠡᠷᠢ ᠬᠡᠮᠡᠮᠦᠢ᠃ ᠬᠡᠷᠪᠡ ᠰᠠᠢᠨ ᠳ᠋ᠤᠷ ᠦᠯᠦ ᠬᠡᠰᠦᠭᠡᠳ᠂ ᠡᠰᠡᠷᠭᠦᠴᠡᠪᠡᠰᠦ ᠴᠡᠷᠢᠭ ᠢ᠋ᠶ᠋ᠡᠷ ᠪᠠᠢᠯᠳᠤᠵᠤ ᠴᠢᠮᠠᠶ᠋ᠢ ᠪᠠᠷᠢᠵᠤ ᠠᠪᠤᠭᠠᠳ ᠪᠠᠰᠠ ᠭᠡᠰᠬᠡᠮᠦᠢ᠃ ᠬᠡᠷᠪᠡ ᠪᠠᠰᠠ ᠡᠰᠡ ᠭᠡᠰᠪᠡᠰᠦ ᠣᠳᠣ ᠬᠠᠭᠠᠨ ᠲᠣᠯᠣᠭᠠᠢ ᠶ᠋ᠢ ᠴᠢᠨᠦ ᠣᠭᠲᠣᠯᠤᠮᠤᠢ!》ᠡᠭᠦᠨ ᠳ᠋ᠦ᠍ᠷ ᠠᠷᠰᠯᠠᠨ ᠬᠠᠭᠠᠨ ᠶᠡᠬᠡᠯ᠎ᠡ ᠢᠨᠢᠶᠡᠨ ᠥᠭᠦᠯᠡᠷᠦᠨ᠄《ᠴᠢ ᠬᠠᠭᠠᠨ ᠪᠤᠰᠤ ᠪᠥᠭᠡᠳ ᠶᠠᠭᠤᠨ ᠳ᠋ᠤᠷ ᠬᠠᠭᠠᠨ ᠪᠣᠯᠤᠭᠰᠠᠨ ᠬᠥᠮᠦᠨ ᠢ᠋ ᠠᠯᠠᠮᠤᠢ?》 ᠲᠠᠢᠽᠦ ᠥᠭᠦᠯᠡᠷᠦᠨ᠄《ᠴᠢᠨᠦ ᠲᠡᠷᠡ ᠬᠠᠭᠠᠨ ᠢ᠋ ᠭᠠᠭᠴᠠ ᠴᠢ ᠥᠪᠡᠷ ᠢ᠋ᠶ᠋ᠡᠨ ᠳᠠᠭᠤᠳᠠᠮᠤᠢ᠂ ᠪᠤᠰᠤ ᠬᠥᠮᠦᠨ ᠴᠥᠮ ᠴᠢᠮᠠᠶ᠋ᠢ ᠬᠤᠯᠠᠭᠠᠢ ᠬᠡᠮᠡᠮᠦᠢ!》 ᠠᠷᠰᠯᠠᠨ ᠠᠰᠠᠭᠤᠷᠤᠨ᠄《ᠴᠢᠮᠠᠶ᠋ᠢ ᠪᠣᠯᠪᠠᠰᠤ ᠣᠯᠠᠨ ᠠᠷᠠᠳ ᠶᠠᠭᠤᠨ ᠬᠡᠮᠡᠮᠦᠢ?》 ᠲᠠᠢᠽᠦ ᠥᠴᠢᠷᠦᠨ᠄《ᠨᠠᠮᠠᠶ᠋ᠢ ᠪᠤᠯᠪᠰᠤ ᠣᠯᠠᠨ ᠬᠥᠮᠦᠨ ᠲᠡᠮᠦᠵᠢᠨ ᠬᠡᠮᠡᠮᠦᠢ᠃ 》ᠠᠷᠰᠯᠠᠨ ᠪᠠᠰᠠ ᠠᠮᠠ ᠪᠥᠭᠯᠡᠭᠳᠡᠵᠦ ᠪᠠᠰᠠ ᠠᠰᠠᠭᠤᠷᠤᠨ:《ᠴᠢ ᠬᠡᠷᠡᠭ ᠦᠭᠡᠢ ᠣᠯᠠᠨ ᠬᠠᠭᠠᠳ ᠢ᠋ ᠠᠯᠠᠬᠤ ᠴᠢᠨᠦ ᠶᠠᠭᠤᠨ?》  ᠲᠠᠢᠽᠦ ᠥᠭᠦᠯᠡᠷᠦᠨ᠄《ᠬᠣᠢᠲᠤ ᠭᠠᠵᠠᠷ ᠶᠣᠰᠣ ᠦᠭᠡᠢ ᠬᠠᠭᠠᠨ ᠲᠣᠭ᠎ᠠ ᠲᠣᠮᠰᠢ ᠦᠭᠡᠢ ᠪᠣᠯᠤᠭᠠᠳ ᠥᠪᠡᠷ ᠦ᠋ᠨ ᠡᠷᠬᠡ ᠳᠤᠷ᠎ᠠ ᠪᠠᠷ ᠠᠭᠠᠰᠢᠯᠠᠨ ᠣᠯᠠᠨ ᠠᠮᠢᠲᠠᠨ ᠢ᠋ ᠵᠠᠭᠤᠨ ᠵᠦᠢᠯ ᠢ᠋ᠶ᠋ᠡᠷ ᠵᠣᠪᠠᠭᠠᠵᠤ ᠂ ᠵᠢᠯ ᠰᠠᠷ᠎ᠠ ᠪᠠᠷ ᠦᠷᠭᠦᠯᠵᠢᠯᠡᠨ ᠴᠡᠷᠢᠭᠯᠡᠬᠦ ᠪᠠᠢᠯᠳᠤᠬᠤ ᠦᠯᠦ ᠵᠣᠭᠰᠣᠨ᠂ ᠣᠯᠠᠨ ᠢᠷᠭᠡᠨ ᠦ᠌ ᠦᠬᠦᠬᠦ ᠢᠨᠤ ᠡᠯᠡᠰᠦ ᠬᠤᠮᠠᠭ ᠬᠡᠢᠰᠬᠦ ᠮᠡᠲᠦ ᠲᠤᠯᠠ ᠲᠡᠢᠨ ᠬᠦ᠌ ᠪᠢ ᠬᠣᠢᠲᠤ ᠭᠠᠵᠠᠷ ᠤ᠋ᠨ ᠨᠡᠢᠲᠡ ᠶ᠋ᠢ ᠡᠩᠬᠡ ᠲᠦᠪᠰᠢᠨ ᠪᠣᠯᠭᠠᠮᠤᠢ᠃ 》ᠠᠷᠰᠯᠠᠨ ᠠᠰᠠᠭᠤᠷᠤᠨ᠄《ᠲᠡᠢᠮᠦ ᠪᠣᠯᠤᠭᠠᠳ ᠴᠢᠮ᠎ᠠ ᠳ᠋ᠤᠷ ᠶᠠᠮᠪᠠᠷ ᠲᠤᠰᠠ?》ᠲᠠᠢᠽᠦ ᠥᠭᠦᠯᠡᠷᠦᠨ᠄《ᠨᠢᠭᠡᠨ ᠬᠥᠮᠦᠨ ᠲᠥᠷᠥᠭᠡᠳ ᠲᠦᠮᠡᠨ ᠭᠠᠵᠠᠷ ᠢ᠋ ᠡᠩᠬᠡᠵᠢᠭᠦᠯᠬᠦ ᠴᠥᠮ ᠬᠥᠮᠦᠨ ᠪᠣᠯᠤᠨ ᠲᠦᠷᠦᠭᠴᠢᠳ ᠦ᠋ᠨ ᠲᠤᠰᠬᠠᠢ ᠶᠠᠪᠤᠳᠠᠯ᠂ ᠬᠡᠷᠪᠡ ᠴᠢᠳᠠᠪᠠᠰᠤ ᠳᠡᠭᠡᠳᠦ ᠲᠡᠭᠷᠢ ᠳ᠋ᠦ᠍ᠷ ᠭᠠᠪᠢᠶ᠎ᠠ ᠠᠵᠤ ᠳᠣᠣᠷᠠᠲᠤ ᠠᠮᠢᠲᠠᠨ ᠳ᠋ᠤᠷ ᠥᠷᠥᠰᠢᠶᠡᠯ ᠠᠮᠤᠢ!》ᠠᠷᠰᠯᠠᠨ ᠬᠠᠭᠠᠨ ᠥᠭᠦᠯᠡᠷᠦᠨ᠄《ᠴᠢ ᠲᠡᠷᠡ ᠮᠡᠲᠦ ᠪᠥᠭᠡᠳ ᠡᠳᠦᠭᠡ ᠶᠠᠭᠤᠨ ᠳ᠋ᠤᠷ ᠨᠠᠳᠠ ᠯᠤᠭ᠎ᠠ ᠪᠠᠢᠯᠳᠤᠮᠤᠢ ᠭᠡᠮᠡᠨ ᠢᠷᠡᠪᠡ? ᠴᠢ ᠥᠪᠡᠷ ᠦ᠋ᠨ ᠣᠷᠣᠨ ᠳ᠋ᠤ᠌ ᠨᠠᠮᠠᠶ᠋ᠢ ᠬᠠᠭᠠᠨ ᠡᠷᠭᠦᠭᠡᠳ ᠥᠪᠡᠷ ᠢ᠋ᠶ᠋ᠡᠨ ᠮᠢᠨᠦ ᠪᠣᠭᠣᠯ ᠪᠣᠯᠪᠠᠰᠤ ᠪᠢ ᠴᠢᠮᠠᠶ᠋ᠢ ᠴᠣᠬᠣᠮ ᠲᠡᠭᠷᠢ ᠶ᠋ᠢᠨ ᠬᠥᠪᠡᠭᠦᠨ ᠭᠡᠮᠡᠨ ᠰᠠᠨᠠᠮᠤᠢ!》ᠬᠡᠮᠡᠬᠦᠢ ᠳ᠋ᠦ᠍ᠷ ᠲᠠᠢᠽᠦ ᠮᠦᠰᠢᠶᠡᠵᠦ ᠥᠭᠦᠯᠡᠷᠦᠨ᠄《ᠪᠢ ᠪᠡᠶ᠎ᠡ ᠪᠡᠨ ᠲᠡᠭᠷᠢ ᠶ᠋ᠢᠨ ᠬᠥᠪᠡᠭᠦᠨ ᠭᠡᠮᠡᠨ ᠣᠭᠲᠣ ᠰᠠᠨᠠᠬᠤ ᠦᠭᠡᠢ᠃ ᠮᠢᠨᠦ ᠡᠳᠡᠭᠡᠷ ᠬᠡᠯᠡᠭᠰᠡᠨ ᠴᠥᠮ ᠴᠢᠮᠠᠶ᠋ᠢ ᠥᠷᠥᠰᠢᠶᠡᠯ ᠢ᠋ᠶ᠋ᠡᠷ ᠤᠳᠤᠷᠢᠳᠤᠨ ᠰᠡᠷᠭᠦᠭᠡᠰᠦᠭᠡᠢ ᠬᠡᠮᠡᠭᠰᠡᠨ ᠪᠥᠯᠥᠭᠡ᠂ ᠴᠢ ᠶᠠᠭᠤᠨ ᠳ᠋ᠤᠷ ᠮᠢᠨᠦ ᠡᠰᠡᠷᠭᠦ ᠥᠴᠦᠬᠡᠨ ᠬᠥᠮᠦᠨ ᠦ᠌ ᠴᠠᠯᠴᠢᠶ᠎ᠠ ᠦᠭᠡ ᠭᠠᠷᠭᠠᠵᠤ ᠤᠴᠢᠷ ᠦᠭᠡᠢ ᠪᠡᠷ ᠴᠠᠯᠴᠢᠮᠤᠢ?》ᠠᠷᠰᠯᠠᠨ ᠥᠭᠦᠯᠡᠷᠦᠨ᠄《ᠴᠠᠯᠴᠢᠪᠠᠴᠤ ᠪᠡᠯᠴᠢᠪᠡᠴᠦ ᠪᠠᠢᠯᠳᠤᠬᠤ ᠶ᠋ᠢ ᠨᠢᠭᠡᠨᠲᠡ ᠦᠯᠦ ᠵᠣᠭᠰᠣᠮᠤᠢ᠃ ᠴᠢ ᠰᠠᠢᠨ ᠡᠷ᠎ᠡ ᠪᠣᠯᠪᠠᠰᠤ ᠢᠨᠠᠭᠰᠢ ᠢᠷ᠎ᠡ᠂ ᠪᠢᠳᠡ ᠬᠣᠶᠠᠭᠤᠯᠠ ᠪᠠᠢᠯᠳᠤᠵᠤ ᠦᠵᠡᠶ᠎ᠡ!》 ᠬᠡᠮᠡᠬᠦᠢ ᠳ᠋ᠦ᠍ᠷ ᠲᠠᠢᠽᠦ ᠶ᠋ᠢᠨ ᠬᠠᠵᠠᠭᠤ ᠠ᠋ᠴᠠ ᠮᠤᠬᠤᠯᠢ ᠰᠦᠷᠡᠬᠡᠢ ᠳᠠᠭᠤᠨ ᠢ᠋ᠶ᠋ᠠᠷ ᠵᠠᠩᠳᠠᠨ ᠥᠭᠦᠯᠡᠷᠦᠨ᠄《ᠠᠭᠤᠯᠠ ᠵᠡᠪᠡ ᠶ᠋ᠢᠨ ᠵᠤᠷᠠᠮ᠎ᠠ ᠵᠢᠷᠦᠬᠡᠪᠴᠢ᠂ ᠪᠠᠷᠰ ᠯᠤᠭ᠎ᠠ ᠵᠡᠷᠭᠡᠴᠡᠰᠦᠭᠡᠢ ᠬᠡᠮᠡᠮᠦᠢ! ᠰᠢᠷᠣᠢ ᠶ᠋ᠢᠨ ᠠᠭᠠᠯᠵᠢ ᠮᠤᠭᠤᠯᠵᠢ ᠲᠡᠭᠷᠢ ᠶ᠋ᠢᠨ ᠳᠠᠭᠤᠨ ᠳ᠋ᠤᠷ ᠲᠡᠮᠡᠴᠡᠭᠴᠢ᠂ ᠵᠤᠨ ᠤ᠋ ᠦᠶ᠎ᠡ ᠳ᠋ᠦ᠍ᠷ ᠥᠴᠦᠬᠡᠨ ᠪᠠᠲᠠᠭᠠᠨ᠎ᠠ ᠡᠪᠦᠯ ᠦ᠋ᠨ ᠬᠦᠢᠲᠡᠨ ᠦ᠌ ᠮᠥᠯᠰᠥ ᠶ᠋ᠢ ᠢᠲᠡᠭᠡᠬᠦ ᠦᠭᠡᠢ᠂ ᠭᠡᠷᠡᠯ ᠳ᠋ᠦ᠍ᠷ ᠬᠤᠷᠠᠬᠤ ᠨᠠᠭᠠᠯᠢᠩᠬᠠᠢ ᠤᠯᠠᠭᠠᠨ ᠨᠠᠷᠠᠨ ᠢ᠋ ᠵᠤᠯᠠ ᠪᠣᠯᠭᠠᠨ ᠦᠵᠡᠮᠦᠢ᠃ ᠮᠠᠨ ᠤ᠋ ᠲᠡᠭᠷᠢᠯᠢᠭ ᠡᠵᠡᠨ ᠴᠢᠨᠦ ᠵᠡᠷᠭᠡ ᠶ᠋ᠢᠨ ᠡᠵᠡᠨ ᠡᠴᠢᠭᠡ ᠪᠡᠨ ᠠᠯᠠᠭᠰᠠᠨ ᠣᠯᠢᠭ ᠭᠣᠯᠠᠭ ᠮᠡᠲᠦ ᠬᠥᠮᠦᠨ ᠦ᠌ ᠳᠦᠷᠰᠦᠲᠦ ᠥᠴᠦᠬᠡᠨ ᠠᠳᠤᠭᠤᠰᠤ ᠯᠤᠭ᠎ᠠ ᠬᠡᠯᠡᠯᠴᠡᠬᠦ ᠢᠨᠦ ᠦᠨᠡᠬᠡᠷ ᠭᠤᠲᠤᠮᠰᠢᠭ!》ᠭᠡᠮᠡᠨ ᠶᠡᠬᠡ ᠬᠠᠷᠠᠩᠭ᠎ᠠ ᠭᠤᠷᠪᠠᠨ ᠵᠡᠷᠭᠡ ᠳᠠᠭᠤᠷᠢᠰᠴᠤ ᠫᠤᠤ ᠲᠠᠯᠪᠢᠭᠤᠯᠤᠨ ᠬᠢᠭᠢᠷᠢ ᠳᠠᠯᠪᠠᠭ᠎ᠠ ᠶ᠋ᠢ ᠬᠤᠷᠤᠢᠯᠠᠨ ᠵᠠᠩᠵᠤᠨ ᠨᠠᠷ ᠳᠠᠷᠠᠭ᠎ᠠ ᠳᠠᠷᠠᠭ᠎ᠠ ᠪᠠᠷ ᠬᠤᠷᠠᠵᠤ ᠢᠷᠡᠲᠡᠯ᠎ᠡ ᠠᠷᠰᠯᠠᠨ ᠬᠠᠭᠠᠨ ᠶᠡᠬᠡᠯ᠎ᠡ ᠠᠭᠤᠷᠯᠠᠵᠤ ᠳᠠᠷᠤᠢ ᠣᠷᠣᠭᠰᠢ ᠪᠠᠢᠯᠳᠤᠷ᠎ᠠ ᠢᠷᠡᠬᠦᠢ ᠳ᠋ᠦ᠍ᠷ ᠪᠠᠷᠰ ᠤ᠋ᠨ ᠵᠠᠩᠵᠤᠨ ᠬᠤᠢᠯᠠᠳᠠᠷ ᠬᠣᠰᠢᠭᠤᠴᠢ ᠲᠣᠰᠴᠤ ᠠᠪᠤᠨ ᠬᠣᠶᠠᠭᠤᠯᠠ ᠭᠤᠴᠢᠨ ᠤᠳᠠᠭ᠎ᠠ ᠢᠯᠡᠭᠦᠦ ᠪᠣᠯᠲᠠᠯ᠎ᠠ ᠬᠠᠷᠯᠢᠭᠤᠳ ᠤ᠋ᠨ ᠴᠡᠷᠢᠭ ᠦ᠋ᠨ ᠳᠣᠲᠣᠷ᠎ᠠ ᠠ᠋ᠴᠠ ᠬᠠᠰ ᠮᠥᠷᠡᠨ ᠡᠵᠡᠨ ᠳ᠋ᠦ᠍ᠷ ᠢ᠋ᠶ᠋ᠡᠨ ᠲᠤᠰᠠᠯᠠᠷ᠎ᠠ ᠪᠠᠢᠯᠳᠤᠨ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠵᠢᠭᠰᠠᠭᠠᠯ ᠠ᠋ᠴᠠ ᠵᠦᠯᠭᠡᠲᠡᠢ ᠪᠠᠭᠠᠲᠤᠷ ᠭᠠᠷᠴᠤ ᠲᠤᠰᠪᠠ᠃ ᠬᠠᠷᠯᠢᠭᠤᠳ ᠤ᠋ᠨ ᠵᠢᠭᠰᠠᠭᠠᠯ ᠠ᠋ᠴᠠ ᠶᠠᠭ ᠮᠣᠳᠣ ᠪᠠᠰᠠ ᠳᠣᠪᠲᠣᠯᠤᠨ ᠭᠠᠷᠴᠤ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠵᠢᠭᠰᠠᠭᠠᠯ ᠠ᠋ᠴᠠ ᠪᠠᠷᠰ ᠤ᠋ᠨ ᠵᠠᠩᠵᠤᠨ ᠭᠢᠯᠥᠭᠡᠨ ᠪᠠᠭᠠᠲᠤᠷ ᠭᠠᠷᠴᠤ ᠲᠤᠯᠪᠠ᠃ ᠬᠠᠷᠯᠢᠭᠤᠳ ᠤ᠋ᠨ  ᠵᠢᠭᠰᠠᠭᠠᠯ ᠠ᠋ᠴᠠ ᠮᠥᠩᠭᠥᠨ ᠰᠠᠷᠠᠨ ᠭᠠᠷᠴᠤ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠵᠢᠭᠰᠠᠭᠠᠯ ᠠ᠋ᠴᠠ ᠰᠥᠪᠡᠭᠡᠲᠡᠢ ᠪᠠᠭᠠᠲᠤᠷ ᠭᠠᠷᠴᠤ ᠲᠤᠯᠪᠠ᠃ ᠮᠤᠬᠤᠯᠢ ᠦᠵᠡᠪᠡᠰᠦ ᠬᠤᠢᠯᠠᠳᠠᠷ ᠬᠣᠰᠢᠭᠤᠴᠢ ᠠᠷᠰᠯᠠᠨ ᠬᠠᠭᠠᠨ ᠯᠤᠭ᠎ᠠ ᠪᠠᠢᠯᠳᠤᠬᠤ ᠠᠨᠤ ᠭᠠᠭᠴᠠ ᠬᠠᠯᠬᠠᠯᠠᠨ ᠲᠤᠯᠬᠤ ᠪᠣᠢ ᠶ᠎ᠡ᠂ ᠬᠠᠷᠢᠭᠤᠯᠤᠨ ᠡᠰᠡᠷᠭᠦᠴᠡᠨ ᠴᠢᠳᠠᠬᠤ ᠦᠭᠡᠢ ᠳ᠋ᠦ᠍ᠷ ᠮᠤᠬᠤᠯᠢ ᠪᠠᠷᠰ ᠤ᠋ᠨ ᠵᠠᠩᠵᠤᠨ ᠲᠣᠭᠲᠣᠩᠭᠣ᠌ ᠪᠠᠭᠠᠲᠤᠷ ᠲᠤᠷ ᠥᠭᠦᠯᠡᠷᠦᠨ᠄《ᠬᠤᠢᠯᠠᠳᠠᠷ ᠤ᠋ᠨ ᠪᠠᠢᠯᠳᠤᠬᠤ ᠶ᠋ᠢ ᠦᠵᠡᠬᠦᠯ᠎ᠡ ᠠᠷᠰᠯᠠᠨ ᠳ᠋ᠤᠷ ᠦᠯᠦ ᠲᠡᠩᠴᠡᠬᠦ ᠮᠡᠲᠦ᠂ ᠣᠳᠣ ᠭᠠᠭᠴᠠ ᠴᠢ ᠭᠠᠷᠴᠤ ᠬᠠᠯᠠᠨ ᠠᠪᠤᠪᠠᠰᠤ ᠵᠣᠬᠢᠮᠤᠢ᠂ ᠬᠡᠳᠦᠢᠨᠡᠢ ᠡᠴᠡ ᠡᠨᠡ ᠠᠷᠰᠯᠠᠨ ᠢ᠋ ᠬᠦᠴᠦᠨ ᠮᠠᠰᠢ ᠶᠡᠬᠡ ᠭᠡᠮᠡᠨ ᠰᠣᠨᠣᠰᠤᠭᠰᠠᠨ ᠪᠥᠯᠥᠭᠡ᠂ ᠬᠢᠯᠪᠠᠷ ᠦᠵᠡᠵᠦ ᠦᠯᠦ ᠪᠣᠯᠣᠮᠢ!》 ᠭᠡᠮᠡᠨ ᠬᠡᠯᠡᠯᠴᠡᠬᠦᠶ᠎ᠡ ᠬᠠᠷᠯᠢᠭᠤᠳ ᠤ᠋ᠨ ᠵᠢᠭᠰᠠᠭᠠᠯ ᠠ᠋ᠴᠠ ᠪᠠᠰᠠ ᠰᠢᠷ᠎ᠠ ᠭᠣᠣᠯ ᠳᠣᠪᠲᠣᠯᠤᠨ ᠭᠠᠷᠴᠤ ᠢᠷᠡᠬᠦᠶ᠎ᠡ᠂ ᠴᠢᠪᠬᠢᠲᠡᠯ᠎ᠡ ᠲᠣᠭᠲᠣᠩᠭᠣ᠌ ᠪᠠᠭᠠᠲᠤᠷ ᠤ᠋ᠨ ᠰᠠᠨᠠᠭᠠᠨ ᠳ᠋ᠤ᠌ ᠨᠡᠢᠴᠡᠵᠦ ᠶᠠᠭᠠᠷᠠᠨ ᠮᠣᠷᠢᠨ ᠳ᠋ᠠᠭᠠᠨ ᠤᠬᠤᠰᠬᠢᠨ ᠭᠠᠷᠴᠤ ᠶᠡᠬᠡ ᠳ᠋ᠠᠮ ᠢᠯᠳᠦ ᠪᠡᠨ ᠳᠠᠯᠠᠢᠵᠤ ᠰᠢᠷ᠎ᠠ ᠭᠣᠣᠯ ᠢ᠋ ᠬᠡᠳᠦᠨ ᠤᠳᠠᠭ᠎ᠠ ᠲᠤᠯᠵᠤ ᠨᠢᠭᠡᠨ ᠳᠡᠭᠡᠭᠦᠷ ᠪᠡᠶ᠎ᠡ ᠡᠭᠡᠵᠦ ᠬᠤᠢᠯᠠᠳᠠᠷ ᠤ᠋ᠨ ᠵᠦᠭ ᠥᠭᠦᠯᠡᠷᠦᠨ᠄《 ᠬᠣᠰᠢᠭᠤᠴᠢ ᠳᠡᠭᠦᠦ ᠴᠢ ᠡᠭᠦᠨ ᠯᠦ᠋ᠭᠡ ᠪᠠᠢᠯᠳᠤ᠂ ᠪᠢ ᠲᠡᠷᠡ ᠠᠷᠰᠯᠠᠨ ᠤ᠋ ᠬᠦᠴᠦᠨ ᠢ᠋ ᠦᠵᠡᠰᠦᠭᠡᠢ 》 ᠭᠡᠮᠡᠨ ᠠᠯᠠᠨ ᠣᠷᠣᠵᠤ ᠲᠤᠯᠤᠭᠰᠠᠨ ᠳ᠋ᠤᠷ ᠬᠤᠢᠯᠠᠲᠠᠷ ᠴᠢᠯᠥᠭᠡ ᠣᠯᠵᠤ ᠰᠢᠷ᠎ᠠ ᠭᠣᠣᠯ ᠢ᠋ ᠲᠣᠰᠴᠤ ᠠᠪᠤᠪᠠ᠃ ᠬᠠᠷ᠎ᠠ ᠬᠢᠭᠦᠯ ᠦ᠋ᠨ ᠬᠠᠷ᠎ᠠ ᠲᠣᠰᠣᠲᠤ ᠲᠠᠯ᠎ᠠ ᠳ᠋ᠤᠷ ᠲᠠᠪᠤᠨ ᠬᠣᠣᠰ ᠠᠷᠪᠠᠨ ᠵᠠᠩᠵᠤᠨ ᠤ᠋ ᠪᠠᠢᠯᠳᠤᠬᠤ ᠠᠨᠤ ᠦᠨᠡᠬᠡᠷ ᠪᠠᠷᠰ ᠢᠷᠪᠢᠰ ᠯᠤᠤ ᠭᠠᠷᠤᠳᠢ ᠲᠡᠮᠡᠴᠡᠯᠳᠦᠬᠦ ᠮᠡᠲᠦ᠃ ᠲᠠᠪᠤᠨ ᠬᠣᠣᠰ ᠠᠷᠪᠠᠨ ᠵᠠᠩᠵᠤᠨ ᠨᠠᠶᠠᠨ ᠤᠳᠠᠭ᠎ᠠ ᠵᠥᠷᠢᠴᠡᠯᠳᠦᠵᠦ ᠬᠠᠷᠠᠬᠠᠨ ᠢᠯᠭᠠᠷᠠᠭᠠᠳᠤᠢ ᠳ᠋ᠤᠷ ᠬᠣᠶᠠᠷ ᠡᠲᠡᠭᠡᠳ ᠦ᠋ᠨ ᠴᠡᠷᠢᠭ ᠦ᠋ᠨ ᠬᠡᠩᠭᠡᠷᠭᠡ ᠴᠠᠩ ᠢ᠋ᠶ᠋ᠠᠨ ᠴᠣᠬᠢᠵᠤ ᠡᠨᠳᠡ ᠬᠠᠰᠬᠢᠷᠤᠯᠳᠤᠬᠤ ᠠᠨᠤ ᠠᠭᠤᠯᠠ ᠲᠠᠯ᠎ᠠ ᠠᠨᠢᠷᠯᠠᠵᠤᠬᠤᠢ᠃ ᠡᠭᠦᠨ ᠳ᠋ᠦ᠍ᠷ ᠲᠠᠢᠽᠦ ᠮᠥᠨ ᠥᠨᠳᠥᠷ ᠬᠠᠯᠬᠠᠰ ᠲᠤᠷ ᠠᠪᠠᠷᠢᠵᠤ ᠦᠵᠡᠭᠡᠳ ᠮᠥᠨ ᠰᠠᠢᠰᠢᠶᠠᠨ ᠮᠦᠰᠢᠶᠡᠪᠡ᠃ ᠲᠡᠳᠦᠢ ᠪᠡᠴᠢᠨ ᠴᠠᠭ ᠪᠣᠯᠲᠠᠯ᠎ᠠ ᠪᠠᠢᠯᠳᠤᠵᠤ ᠬᠣᠶᠠᠷ ᠡᠲᠡᠭᠡᠳ ᠠᠳᠠᠯᠢ ᠬᠠᠷᠠᠩᠭ᠎ᠠ ᠴᠣᠬᠢᠵᠤ ᠴᠡᠷᠢᠭ ᠬᠤᠷᠢᠶᠠᠪᠠ᠃ ᠠᠷᠰᠯᠠᠨ ᠬᠠᠭᠠᠨ ᠡᠭᠡᠵᠦ ᠳᠥᠷᠪᠡᠨ ᠲᠦᠰᠢᠮᠡᠯ ᠯᠦ᠋ᠭᠡ ᠪᠡᠨ ᠵᠥᠪᠯᠡᠨ ᠥᠭᠦᠯᠡᠷᠦᠨ᠄《ᠪᠢ ᠦᠵᠡᠪᠡᠰᠦ ᠪᠧᠲ᠋ᠠ᠋ ᠤᠯᠤᠰ ᠤ᠋ᠨ ᠪᠠᠭᠠᠲᠤᠷ ᠵᠠᠩᠵᠤᠨ ᠬᠡᠳᠦᠢ ᠣᠯᠠᠨ ᠪᠣᠯᠪᠠᠴᠤ ᠴᠡᠷᠢᠭ ᠢᠨᠦ ᠮᠠᠰᠢ ᠴᠥᠭᠡᠨ᠂ ᠡᠨᠡ ᠰᠥᠨᠢ ᠪᠢᠳᠡ ᠭᠤᠴᠢᠨ ᠬᠦᠷᠢᠶᠡᠨ ᠦ᠌ ᠵᠢᠷᠠᠨ ᠲᠦᠮᠡᠨ ᠴᠡᠷᠢᠭ ᠢ᠋ ᠬᠣᠷᠢ ᠬᠣᠷᠢᠨ ᠲᠦᠮᠡᠨ ᠢ᠋ᠶ᠋ᠡᠷ ᠰᠠᠯᠭᠠᠵᠤ ᠡᠳᠦᠷ ᠰᠥᠨᠢ ᠭᠤᠷᠪᠠᠨ ᠵᠢᠰᠢᠶ᠎ᠠ ᠲᠣᠭᠲᠠᠭᠠᠵᠤ᠂  ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠶ᠋ᠢ ᠬᠠᠭᠠᠵᠤ ᠡᠳᠦᠷ ᠰᠥᠨᠢ ᠦᠭᠡᠢ ᠡᠭᠡᠯᠵᠢᠯᠡᠨ ᠪᠠᠢᠯᠳᠤᠰᠤᠭᠠᠢ᠂ ᠡᠢᠮᠦ ᠪᠣᠯᠪᠠᠰᠤ ᠪᠧᠲ᠋ᠠ᠋ ᠤᠯᠤᠰ ᠤ᠋ᠨ ᠴᠡᠷᠢᠭ ᠢ᠋ ᠠᠷᠪᠠᠨ ᠬᠣᠨᠣᠭ ᠤ᠋ᠨ ᠡᠴᠦᠰ ᠲᠦ᠍ ᠳᠠᠷᠤᠪᠠᠰᠤ ᠪᠣᠯᠤᠮᠤᠢ᠃ 》ᠭᠡᠮᠡᠨ ᠵᠥᠪᠯᠡᠨ ᠲᠣᠭᠲᠠᠵᠤ᠂ ᠳᠠᠷᠤᠢ ᠴᠠᠭᠠᠵᠠ ᠵᠠᠷᠯᠠᠨ ᠭᠤᠷᠪᠠᠨ ᠠᠩᠭᠢ ᠪᠠᠷ ᠬᠤᠪᠢᠶᠠᠪᠠ᠃   
       ᠲᠡᠨᠳᠡᠴᠡ ᠪᠧᠲ᠋ᠠ᠋ ᠤᠯᠤᠰ ᠤ᠋ᠨ ᠴᠡᠷᠢᠭ ᠬᠠᠷᠠᠩᠭ᠎ᠠ ᠴᠣᠬᠢᠨ ᠴᠡᠷᠢᠭ ᠡᠭᠡᠵᠦ ᠬᠦᠷᠢᠶ᠎ᠡ ᠳ᠋ᠦ᠍ᠷ ᠣᠷᠣᠵᠤ ᠰᠥᠨᠢ ᠵᠤᠯᠠ ᠶ᠋ᠢᠨ ᠳᠣᠣᠷ᠎ᠠ ᠮᠤᠬᠤᠯᠢ᠂ ᠲᠠᠢᠽᠦ ᠶ᠋ᠢᠨ ᠴᠠᠴᠠᠷ ᠲᠤᠷ ᠢᠷᠡᠵᠦ ᠳᠣᠬᠢᠶ᠎ᠠ ᠴᠣᠬᠢᠨ ᠣᠷᠣᠵᠤ ᠵᠣᠯᠭᠠᠭᠠᠳ ᠮᠡᠳᠡᠭᠦᠯᠦᠷᠦᠨ᠄《ᠡᠵᠡᠨ᠂ ᠬᠠᠷᠯᠢᠭᠤᠳ ᠤ᠋ᠨ ᠴᠡᠷᠢᠭ ᠦ᠋ᠨ ᠠᠭᠤᠷ ᠠᠮᠢᠰᠬᠤᠯ ᠢ᠋ ᠦᠵᠡᠵᠦ ᠭᠠᠷᠪᠠᠤ ?》ᠲᠠᠢᠽᠦ ᠥᠭᠦᠯᠡᠷᠦᠨ᠄《 ᠪᠢ ᠦᠵᠡᠪᠡᠰᠦ ᠬᠠᠷᠯᠢᠭᠤᠳ ᠤ᠋ᠨ ᠴᠡᠷᠢᠭ ᠬᠦᠴᠦᠨ ᠠᠰᠤᠷᠤ ᠬᠠᠳᠠᠨ ᠪᠥᠭᠡᠳ ᠳᠣᠲᠣᠷ᠎ᠠ ᠡᠭᠡᠨᠡᠭᠲᠡ ᠨᠢᠭᠡᠨ ᠵᠦᠢᠯ ᠦ᠋ᠨ ᠬᠠᠷ᠎ᠠ ᠠᠭᠤᠷ ᠠᠵᠤ ᠳᠡᠢᠯᠬᠦ ᠪᠠᠢᠳᠠᠯ ᠪᠣᠢ᠃ ᠮᠠᠨ ᠤ᠋ ᠴᠡᠷᠢᠭ ᠬᠡᠳᠦᠢ ᠴᠥᠮ ᠰᠢᠯᠭᠠᠷᠠᠭᠰᠠᠨ ᠪᠠᠭᠠᠲᠤᠳ ᠪᠣᠯᠪᠠᠴᠤ ᠠᠰᠤᠷᠤ ᠴᠥᠭᠡᠨ ᠪᠣᠯᠤᠭᠠᠳ ᠲᠡᠳᠡᠨ ᠦ᠌ ᠴᠡᠷᠢᠭ ᠲᠡᠨᠡᠭ ᠴᠢᠭᠢᠷᠠᠭ ᠤ᠋ᠨ ᠳᠡᠭᠡᠷ᠎ᠡ ᠪᠠᠰᠠ ᠮᠠᠰᠢ ᠤᠯᠠᠳᠠᠵᠤᠬᠤᠢ᠂ ᠪᠢ ᠦᠵᠡᠪᠡᠰᠦ ᠮᠢᠨᠦ ᠰᠦᠯᠳᠡ ᠶ᠋ᠢᠨ ᠬᠠᠷ᠎ᠠ ᠲᠤᠭ ᠤ᠋ᠨ ᠮᠠᠨᠵᠢᠯᠭ᠎ᠠ ᠣᠨᠴᠠ ᠰᠠᠯᠬᠢᠨ ᠡᠰᠡᠷᠭᠦ ᠪᠣᠰᠬᠤ ᠠᠨᠤ ᠡᠨᠡ ᠰᠥᠨᠢ ᠯᠠᠪ ᠬᠦᠷᠢᠶ᠎ᠡ ᠶ᠋ᠢ ᠳᠠᠷᠤᠬᠤ ᠬᠤᠯᠠᠭᠠᠢ ᠴᠡᠷᠢᠭ ᠢᠷᠡᠬᠦ ᠮᠡᠲᠦ᠃ ᠲᠡᠢᠨ ᠬᠦ᠌ ᠪᠢ ᠴᠠᠭᠠᠵᠠ ᠵᠠᠷᠯᠠᠭᠠᠳ ᠳᠥᠷᠪᠡᠨ ᠵᠠᠩᠵᠤᠨ ᠢ᠋ ᠬᠣᠶᠠᠷ ᠠᠩᠭᠢ ᠪᠠᠷ ᠡᠭᠡᠯᠵᠢᠯᠡᠭᠦᠯᠦᠨ ᠬᠦᠷᠢᠶ᠎ᠡ ᠶ᠋ᠢ ᠴᠠᠭᠳᠠᠭᠤᠯᠤᠮᠤᠢ᠃ 》ᠮᠤᠬᠤᠯᠢ ᠶᠡᠬᠡᠯ᠎ᠡ ᠪᠠᠶᠠᠷᠯᠠᠨ ᠮᠥᠷᠭᠥᠵᠦ ᠮᠡᠳᠡᠭᠦᠯᠦᠷᠦᠨ᠄《ᠡᠵᠡᠨ ᠦ᠌ ᠮᠢᠨᠦ ᠠᠢᠯᠠᠳᠤᠭᠰᠠᠨ ᠮᠠᠰᠢ ᠨᠡᠢᠴᠡᠵᠦᠬᠦᠢ᠃ ᠡᠵᠡᠨ ᠳᠠᠯᠤ ᠶ᠋ᠢᠨ ᠲᠥᠯᠭᠡ ᠪᠡᠷ ᠢ᠋ᠶ᠋ᠡᠨ ᠠᠢᠯᠠᠳᠤᠨ ᠦᠵᠡᠮᠦ!》 ᠬᠡᠮᠡᠭᠰᠡᠨ ᠳ᠋ᠦ᠍ᠷ ᠲᠠᠢᠽᠦ ᠵᠥᠪᠰᠢᠶᠡᠵᠦ᠂ ᠲᠡᠭᠦᠰᠴᠣᠭᠲᠣ ᠬᠢᠶ᠎ᠡ ᠡᠴᠡ ᠰᠢᠷ᠎ᠠ ᠮᠠᠩᠨᠤᠭ ᠪᠣᠭᠣᠳᠠᠯ ᠢ᠋ ᠠᠪᠴᠤ ᠭᠠᠷ ᠤᠬᠢᠶᠠᠨ ᠠᠮᠠ ᠪᠠᠨ ᠵᠠᠢᠯᠵᠤ᠂ ᠰᠦᠯᠳᠡ ᠲᠡᠭᠷᠢ ᠳ᠋ᠦ᠍ᠷ ᠬᠦᠵᠢ ᠰᠢᠲᠠᠭᠠᠵᠤ ᠵᠠᠯᠪᠠᠷᠢᠭᠠᠳ ᠵᠤᠯᠠ ᠶ᠋ᠢᠨ ᠳᠣᠣᠷ᠎ᠠ ᠳᠠᠯᠤ ᠶ᠋ᠢᠨ ᠲᠥᠯᠭᠡ ᠶ᠋ᠢ ᠠᠷᠢᠭᠤᠳᠬᠠᠨ᠂ ᠵᠤᠯᠠ ᠶ᠋ᠢᠨ ᠭᠡᠷᠡᠯ ᠦ᠋ᠨ ᠳᠣᠣᠷ᠎ᠠ ᠳᠠᠯᠤ ᠶ᠋ᠢᠨ ᠲᠥᠯᠭᠡ ᠶ᠋ᠢ ᠭᠡᠭᠡᠬᠡᠨ ᠭᠡᠷᠡᠯ ᠦ᠋ᠨ ᠵᠦᠭ ᠪᠠᠷᠢᠵᠤ ᠦᠵᠡᠪᠡᠰᠦ᠂ ᠲᠡᠷᠡ ᠳᠠᠯᠤ ᠶ᠋ᠢᠨ ᠲᠠᠪᠤᠨ ᠥᠩᠭᠡ ᠶ᠋ᠢᠨ ᠭᠡᠷᠡᠯ ᠴᠥᠮ ᠳᠤᠮᠳᠠ ᠬᠤᠷᠠᠵᠤ᠂ ᠲᠣᠭᠣᠷᠢᠨ ᠴᠥᠮ ᠬᠠᠷ᠎ᠠ ᠰᠡᠭᠦᠳᠡᠷ ᠪᠣᠯᠤᠭᠰᠠᠨ ᠳ᠋ᠤᠷ ᠲᠠᠢᠽᠦ ᠮᠤᠬᠤᠯᠢ ᠳ᠋ᠤᠷ ᠦᠵᠡᠭᠦᠯᠵᠦ ᠥᠭᠦᠯᠡᠷᠦᠨ᠄《ᠮᠠᠨ ᠤ᠋ ᠴᠡᠷᠢᠭ ᠬᠠᠭᠠᠭᠳᠠᠨ ᠬᠣᠷᠢᠭᠳᠠᠬᠤ ᠪᠡᠷᠬᠡ ᠪᠣᠢ᠂ ᠬᠠᠷ᠎ᠠ ᠰᠡᠭᠦᠳᠡᠷ ᠭᠤᠷᠪᠠᠨ ᠳᠠᠪᠬᠤᠷ ᠢ᠋ ᠦᠵᠡᠭᠦᠯᠦᠨ ᠯᠠᠪ ᠭᠤᠷᠪᠠᠨ ᠠᠩᠭᠢ ᠴᠡᠷᠢᠭ ᠪᠣᠢ ᠶ᠎ᠡ᠃ ᠡᠨᠡ ᠬᠡᠷᠡᠭ ᠳᠡᠮᠡᠢ ᠬᠣᠯᠠ ᠦᠭᠡᠢ᠂ ᠬᠠᠷ᠎ᠠ ᠰᠡᠭᠦᠳᠡᠷ ᠴᠠᠭ ᠵᠠᠭᠤᠷ᠎ᠠ ᠪᠦᠷᠬᠦᠭᠰᠡᠨ ᠲᠤᠯᠠ ᠯᠠᠪ ᠡᠨᠡ ᠰᠥᠨᠢ ᠳᠠᠷᠤᠢ ᠢᠷᠡᠬᠦ ᠮᠡᠲᠦ᠃》 ᠵᠢᠨᠦᠩ ᠮᠤᠬᠤᠯᠢ ᠶᠠᠭᠠᠷᠠᠨ ᠲᠠᠢᠽᠦ ᠶ᠋ᠢᠨ ᠰᠠᠭᠠᠳᠠᠭ ᠤ᠋ᠨ ᠨᠤᠮᠤ ᠶ᠋ᠢ ᠰᠤᠭᠤᠯᠤᠨ ᠠᠪᠴᠤ ᠰᠦᠯᠳᠡ ᠲᠡᠭᠷᠢ ᠶ᠋ᠢ ᠬᠦᠵᠢ ᠪᠡᠷ ᠠᠷᠢᠭᠤᠯᠠᠵᠤ᠂ ᠨᠤᠮᠤ ᠶ᠋ᠢᠨ ᠬᠥᠪᠴᠢ ᠶ᠋ᠢ ᠲᠠᠮᠰᠢᠶᠠᠯᠠᠨ ᠭᠤᠷᠪᠠᠨ ᠵᠡᠷᠭᠡ ᠴᠢᠩᠨᠠᠵᠤ ᠨᠤᠮᠤ ᠶ᠋ᠢ ᠬᠣᠷᠢᠶᠠᠨ ᠮᠡᠳᠡᠭᠦᠯᠦᠷᠦᠨ᠄《ᠡᠵᠡᠨ ᠦ᠌ ᠠᠢᠯᠠᠳᠤᠭᠰᠠᠨ ᠯᠠᠪ ᠪᠣᠯᠪᠠ᠃ ᠡᠨᠡ ᠳᠠᠢᠰᠤᠨ ᠯᠠᠪ ᠮᠠᠨ ᠤ᠋ ᠴᠡᠷᠢᠭ ᠢ᠋ ᠴᠥᠭᠡᠨ ᠭᠡᠮᠡᠨ ᠬᠠᠭᠠᠷ᠎ᠠ ᠢᠷᠡᠮᠦᠢ᠃ ᠡᠵᠡᠨ ᠵᠠᠢᠯᠠᠵᠤ ᠲᠤᠯᠰᠤᠭᠠᠢ ᠬᠡᠮᠡᠮᠦᠢ ᠦᠦ᠂ ᠬᠦᠯᠢᠶᠡᠨ ᠲᠤᠯᠰᠤᠭᠠᠢ ᠬᠡᠮᠡᠮᠦᠢ ᠦᠦ?》 ᠲᠠᠢᠽᠦ ᠥᠭᠦᠯᠡᠷᠦᠨ᠄《ᠡᠨᠡ ᠪᠠᠢᠳᠠᠯ ᠢ᠋ ᠦᠵᠡᠬᠦᠢ ᠳ᠋ᠦ᠍ᠷ ᠵᠠᠢᠯᠠᠵᠤ ᠵᠠᠪᠳᠤᠬᠤ ᠦᠭᠡᠢ ᠪᠣᠯᠤᠭᠰᠠᠨ ᠲᠤᠯᠠ ᠳᠠᠷᠤᠢ ᠪᠡᠬᠢᠯᠡᠨ ᠬᠦᠯᠢᠶᠡᠵᠦ ᠲᠤᠯᠬᠤᠢ ᠠᠨᠤ ᠡᠷᠬᠢᠮ᠃ 》ᠮᠤᠬᠤᠯᠢ ᠥᠭᠦᠯᠡᠷᠦᠨ᠄ 《ᠡᠵᠡᠨ ᠦ᠌ ᠰᠠᠨᠠᠭᠠᠨ ᠪᠣᠭᠣᠯ ᠮᠢᠨᠦ ᠰᠠᠨᠠᠭ᠎ᠠ ᠯᠤᠭ᠎ᠠ ᠨᠡᠢᠴᠡᠪᠡ᠃ ᠮᠠᠨ ᠤ᠋ ᠴᠡᠷᠢᠭ ᠲᠠᠪᠤᠨ ᠲᠦᠮᠡᠨ᠂ ᠲᠡᠳᠡᠨ ᠦ᠌ ᠴᠡᠷᠢᠭ ᠵᠢᠷᠠᠨ ᠲᠦᠮᠡᠨ᠂ ᠡᠳᠦᠷ ᠤᠳᠠᠬᠤᠢ ᠳ᠋ᠤᠷ ᠲᠡᠳᠡᠨ ᠠᠰᠢᠭ ᠢ᠋ ᠠᠯᠳᠠᠮᠤᠢ᠃ ᠪᠢᠳᠡᠨ ᠦ᠌ ᠴᠡᠷᠢᠭ ᠲᠣᠷ ᠬᠡᠳᠦᠨ ᠰᠠᠷ᠎ᠠ ᠶ᠋ᠢᠨ ᠬᠦᠨᠡᠰᠦ ᠪᠣᠢ᠂ ᠳ᠋ᠤᠷ ᠪᠡᠬᠢᠯᠡᠨ ᠰᠠᠬᠢᠵᠤ ᠪᠠᠢᠳᠠᠯ ᠢ᠋ ᠦᠵᠡᠨ ᠠᠷᠭ᠎ᠠ ᠬᠡᠷᠡᠭᠯᠡᠰᠦᠭᠡᠢ᠃ ᠲᠡᠷᠡ ᠬᠢᠷᠢ ᠳ᠋ᠦ᠍ᠷ ᠮᠠᠨ ᠤ᠋ ᠠᠷᠪᠠᠨ ᠠᠩᠭᠢ ᠴᠡᠷᠢᠭ ᠮᠥᠨ ᠬᠦᠷᠴᠦ ᠢᠷᠡᠮᠦᠢ᠃ ᠲᠡᠷᠡ ᠴᠠᠭ ᠲᠤᠷ ᠵᠢᠴᠢ ᠵᠥᠪᠯᠡᠰᠦᠭᠡᠢ !》 ᠭᠡᠮᠡᠨ ᠳᠠᠷᠤᠢ ᠶᠡᠬᠡ ᠬᠡᠩᠭᠡᠷᠭᠡ ᠴᠣᠬᠢᠭᠤᠯᠵᠤ ᠡᠵᠡᠨ ᠦ᠌ ᠡᠮᠦᠨ᠎ᠡ ᠬᠣᠷᠢᠨ ᠶᠢᠰᠦᠨ ᠵᠠᠩᠵᠤᠨ ᠢ᠋ ᠳᠥᠷᠪᠡᠨ ᠰᠠᠯᠠᠭ᠎ᠠ ᠬᠤᠪᠢᠶᠠᠨ ᠲᠠᠪᠤᠨ ᠲᠦᠮᠡᠨ ᠴᠡᠷᠢᠭ ᠢ᠋ ᠲᠠᠪᠤᠨ ᠠᠩᠭᠢ ᠰᠠᠯᠭᠠᠵᠤ᠂ ᠨᠢᠭᠡᠨ ᠲᠦᠮᠡᠨ ᠴᠡᠷᠢᠭ ᠡᠭᠡᠯᠵᠢᠯᠡᠨ ᠡᠵᠡᠨ ᠢ᠋ ᠬᠠᠮᠠᠭᠠᠯᠠᠵᠤ᠂ ᠦᠯᠡᠳᠡᠭᠰᠡᠨ ᠳᠥᠷᠪᠡᠨ ᠲᠦᠮᠡᠨ ᠴᠡᠷᠢᠭ ᠡᠳᠦᠷ ᠬᠣᠶᠠᠷ ᠲᠦᠮᠡᠨ᠂ ᠰᠥᠨᠢ ᠬᠣᠶᠠᠷ ᠲᠦᠮᠡᠨ ᠨᠡᠢᠲᠡ ᠳᠥᠷᠪᠡᠨ ᠲᠦᠮᠡᠨ ᠢ᠋ᠶ᠋ᠡᠷ ᠳᠥᠷᠪᠡᠨ ᠬᠠᠭᠠᠯᠭ᠎ᠠ ᠶ᠋ᠢ ᠰᠠᠬᠢᠵᠤ᠂ ᠨᠡᠢᠲᠡ ᠠᠷᠪᠠᠨ ᠡᠳᠦᠷ ᠳᠦᠯᠡᠢ ᠬᠥᠮᠦᠨ ᠪᠣᠯᠵᠤ᠂ ᠲᠠᠪᠤᠨ ᠪᠠᠷᠰ ᠤ᠋ᠨ ᠵᠠᠩᠵᠤᠨ ᠥᠪᠡᠷ ᠦ᠋ᠨ ᠪᠡᠶ᠎ᠡ ᠵᠢᠷᠭᠤᠭᠤᠯᠠ ᠳᠥᠷᠪᠡᠨ ᠬᠠᠭᠠᠯᠭ᠎ᠠ ᠪᠠᠷ ᠡᠭᠡᠯᠵᠢᠯᠡᠨ ᠴᠡᠷᠢᠭ ᠦ᠋ᠨ ᠬᠦᠷᠢᠶ᠎ᠡ ᠶ᠋ᠢ ᠲᠣᠭᠣᠷᠢᠨ ᠴᠠᠭᠳᠠᠬᠤ ᠪᠠᠷ ᠲᠣᠭᠲᠠᠭᠠᠵᠤ᠂ ᠲᠠᠢᠽᠦ ᠪᠡᠶ᠎ᠡ ᠪᠡᠷ ᠲᠡᠷᠢᠭᠦᠯᠡᠨ ᠴᠢᠬᠢ ᠳ᠋ᠦ᠍ᠷ ᠬᠥᠪᠥᠩ ᠴᠢᠬᠢᠵᠦ ᠠᠮᠠᠨ ᠳ᠋ᠤ᠌ ᠮᠥᠬᠥᠯᠢᠭ ᠡᠮᠬᠦᠵᠦ ᠴᠢᠨᠠᠳᠤᠰ ᠤ᠋ᠨ ᠬᠠᠷᠢᠶᠠᠬᠤ ᠶ᠋ᠢ ᠦᠯᠦ ᠰᠣᠨᠣᠰᠤᠨ᠂ ᠲᠡᠭᠦᠨ ᠦ᠌ ᠬᠠᠷᠢᠶᠠᠬᠤ ᠦᠭᠡ ᠳ᠋ᠦ᠍ᠷ ᠬᠠᠷᠢᠭᠤ ᠦᠯᠦ ᠥᠭᠦᠯᠡᠬᠦ ᠲᠡᠮᠳᠡᠭ ᠪᠣᠯᠭᠠᠨ ᠴᠡᠭᠡᠷᠯᠡᠭᠦᠯᠦᠭᠡᠳ ᠴᠡᠷᠢᠭ ᠤᠨᠠᠭᠤᠯᠢ ᠶ᠋ᠢᠨ ᠬᠥᠪᠡᠭᠡ ᠬᠦᠷᠦᠭᠰᠡᠨ ᠬᠣᠢᠨ᠎ᠠ ᠰᠠᠢ ᠬᠠᠷᠪᠤ ᠭᠡᠮᠡᠨ ᠲᠠᠢᠽᠦ ᠶ᠋ᠢᠨ ᠡᠮᠦᠨ᠎ᠡ ᠴᠠᠭᠠᠵᠠ ᠶ᠋ᠢ ᠲᠣᠭᠲᠠᠭᠠᠪᠠ᠃ ᠲᠠᠢᠽᠦ ᠥᠪᠡᠷ ᠦ᠋ᠨ ᠪᠡᠶ᠎ᠡ ᠪᠡᠷ ᠰᠤᠯᠠ ᠴᠡᠷᠢᠭ ᠮᠡᠲᠦ ᠴᠢᠮᠡᠵᠦ ᠰᠥᠨᠢ ᠴᠠᠭᠳᠠᠨ ᠦᠵᠡᠪᠡ᠃ ᠦᠨᠡᠬᠡᠷ ᠤᠳᠠᠭᠰᠠᠨ ᠦᠭᠡᠢ ᠪᠠᠷᠠᠭᠤᠨ ᠬᠣᠢᠨ᠎ᠠ ᠠ᠋ᠴᠠ ᠬᠠᠷ᠎ᠠ ᠰᠠᠯᠬᠢᠨ ᠳᠡᠭᠳᠡᠵᠦ ᠲᠡᠭᠷᠢ ᠭᠠᠵᠠᠷ ᠯᠦᠪᠬᠢᠮ᠎ᠡ ᠬᠠᠷᠠᠩᠭᠤᠢ ᠪᠣᠯᠵᠤ᠂ ᠬᠠᠷᠯᠢᠭᠤᠳ ᠤ᠋ᠨ ᠴᠡᠷᠢᠭ ᠦᠨᠡᠬᠡᠷ ᠢᠷᠡᠵᠦ ᠭᠤᠷᠪᠠᠨ ᠳᠠᠪᠬᠤᠷ ᠬᠠᠭᠠᠵᠤ᠂ ᠭᠡᠨᠡᠳᠲᠡ ᠲᠡᠮᠳᠡᠭ ᠫᠤᠤ ᠳᠤᠤᠭᠠᠷᠤᠮᠠᠭᠴᠠ ᠬᠣᠷᠢᠨ ᠲᠦᠮᠡᠨ ᠴᠡᠷᠢᠭ ᠬᠠᠮᠲᠤ ᠪᠠᠷ ᠪᠠᠢᠯᠳᠤᠵᠤ ᠢᠷᠡᠭᠰᠡᠨ ᠳ᠋ᠦ᠍ᠷ ᠪᠧᠲ᠋ᠠ᠋ ᠤᠯᠤᠰ ᠤ᠋ᠨ ᠴᠡᠷᠢᠭ ᠵᠣᠷᠢᠮᠠᠭ ᠢ᠋ᠶ᠋ᠠᠷ ᠦᠯᠦ ᠮᠡᠳᠡᠭᠴᠢ ᠪᠣᠯᠤᠨ ᠬᠡᠪ ᠢ᠋ᠶ᠋ᠡᠷ ᠬᠡᠳᠦᠬᠡᠨ ᠵᠠᠭᠤᠨ ᠴᠡᠷᠢᠭ ᠰᠠᠪᠠᠭ᠎ᠠ ᠦᠭᠡᠢ ᠬᠠᠰᠬᠢᠷᠤᠨ ᠶᠠᠪᠤᠮᠤᠢ᠃ ᠬᠠᠷᠯᠢᠭᠤᠳ ᠤ᠋ᠨ ᠴᠡᠷᠢᠭ ᠯᠠᠪ ᠪᠡᠯᠡᠳᠬᠡᠭᠰᠡᠨ ᠦᠭᠡᠢ ᠭᠡᠮᠡᠨ ᠳᠥᠷᠪᠡᠨ ᠵᠦᠭ ᠡᠴᠡ ᠬᠠᠭᠠᠨ ᠢᠷᠡᠵᠦ ᠤᠨᠠᠭᠤᠯᠢ ᠶ᠋ᠢ ᠰᠢᠷᠣᠢ ᠵᠥᠭᠡᠭᠡᠨ ᠳᠦᠭᠦᠷᠭᠡᠵᠦ᠂ ᠬᠦᠷᠢᠶᠡᠨ ᠦ᠌ ᠡᠷᠪᠡᠭᠦᠷ ᠰᠦᠯᠵᠢᠭᠦᠷ ᠦ᠋ᠨ ᠬᠤᠷᠢᠶᠠᠨ᠎ᠠ ᠬᠦᠷᠲᠡᠯ᠎ᠡ ᠭᠡᠨᠡᠳᠲᠡ ᠪᠧᠲ᠋ᠠ᠋ ᠤᠯᠤᠰ ᠲᠠᠪᠤᠨ ᠬᠦᠷᠢᠶ᠎ᠡ ᠬᠠᠮᠲᠤ ᠵᠠᠯᠭᠠᠯᠳᠤᠵᠤ ᠪᠠᠭᠤᠭᠰᠠᠨ ᠲᠤᠯᠠ ᠭᠡᠨᠡᠳᠲᠡ ᠨᠢᠭᠡᠨ ᠲᠡᠮᠳᠡᠭ ᠫᠤᠤ ᠳᠠᠭᠤᠷᠢᠰᠤᠮᠠᠭᠴᠠ ᠠᠩᠭᠢ ᠪᠦᠷᠢ ᠳ᠋ᠦ᠍ᠷ ᠮᠣᠳᠣ ᠲᠣᠭᠰᠢᠵᠤ ᠬᠣᠯᠬᠣᠪᠴᠢ ᠨᠤᠮᠤ ᠬᠤᠯᠠᠭᠠᠢ ᠰᠤᠮᠤ ᠬᠠᠷᠠᠩᠭᠤᠢ ᠭᠠᠵᠠᠷ ᠠ᠋ᠴᠠ ᠭᠡᠷᠡᠯᠲᠦ ᠭᠠᠵᠠᠷ ᠢ᠋ ᠬᠠᠷᠪᠤᠵᠤ ᠰᠤᠷᠬᠢᠷᠠᠬᠤ ᠰᠤᠮᠤ ᠶ᠋ᠢᠨ ᠢᠷᠡᠬᠦ ᠢᠨᠤ ᠴᠠᠷᠴᠠᠬᠠᠢ ᠮᠡᠲᠦ ᠲᠤᠯᠠ ᠤᠷᠤᠭᠰᠢᠯᠠᠭᠰᠠᠨ ᠴᠡᠷᠢᠭ ᠴᠢᠯᠠᠭᠤ ᠰᠤᠮᠤ ᠳ᠋ᠤᠷ ᠣᠨᠣᠭᠳᠠᠵᠤ ᠶᠡᠬᠡᠯ᠎ᠡ ᠬᠣᠬᠢᠷᠠᠨ ᠨᠢᠭᠡᠨᠲᠡ ᠬᠠᠰᠬᠢᠷᠤᠯᠴᠠᠨ ᠡᠭᠡᠵᠦ ᠤᠬᠤᠷᠢᠪᠠ᠃ ᠬᠣᠢᠨ᠎ᠠ ᠠ᠋ᠴᠠ ᠪᠠᠢᠯᠳᠤᠭᠠᠨ ᠤ᠋ ᠬᠡᠩᠭᠡᠷᠭᠡ ᠬᠡᠷᠬᠢᠨ ᠳᠡᠯᠡᠳᠪᠡᠴᠦ ᠡᠮᠦᠨ᠎ᠡ ᠴᠡᠷᠢᠭ ᠣᠷᠣᠬᠤ ᠦᠭᠡᠢ ᠪᠣᠯᠤᠭᠰᠠᠨ ᠳ᠋ᠤᠷ ᠠᠷᠰᠯᠠᠨ ᠬᠠᠭᠠᠨ ᠤᠴᠢᠷ ᠢ᠋ ᠠᠰᠠᠭᠤᠵᠤ ᠴᠡᠷᠢᠭ ᠢ᠋ ᠲᠠᠲᠠᠵᠤ ᠬᠠᠭᠠᠵᠤ ᠪᠠᠭᠤᠯᠭᠠᠪᠠ᠃ ᠲᠡᠳᠦᠢ ᠡᠳᠦᠷ ᠪᠦᠷᠢ ᠪᠠᠢᠯᠳᠤᠷ᠎ᠠ ᠢᠷᠡᠮᠦᠢ᠂ ᠡᠳᠦᠷ ᠪᠦᠷᠢ ᠬᠢᠴᠢᠶᠡᠨ ᠲᠤᠯᠤᠭᠰᠠᠭᠠᠷ ᠵᠢᠷᠭᠤᠭᠠᠨ ᠡᠳᠦᠷ ᠪᠣᠯᠵᠤ᠂ ᠬᠠᠷᠯᠢᠭᠤᠳ ᠤ᠋ᠨ ᠴᠡᠷᠢᠭ ᠬᠡᠷᠬᠢᠨ ᠢᠴᠢᠭᠡᠨ ᠬᠠᠷᠢᠶᠠᠪᠠᠴᠤ ᠪᠧᠲ᠋ᠠ᠋ ᠤᠯᠤᠰ ᠤ᠋ᠨ ᠴᠡᠷᠢᠭ ᠥᠴᠦᠬᠡᠨ ᠴᠦ᠍ ᠬᠡᠷᠡᠭᠰᠡᠬᠦ ᠦᠭᠡᠢ ᠬᠡᠪ ᠢ᠋ᠶ᠋ᠡᠷ ᠢᠨᠢᠶᠡᠯᠴᠡᠨ ᠰᠠᠬᠢᠵᠤ᠂ ᠰᠥᠨᠢ ᠲᠠᠪᠤᠨ ᠪᠠᠷᠰ ᠤ᠋ᠨ ᠵᠠᠩᠵᠤᠨ ᠮᠤᠬᠤᠯᠢ ᠳ᠋ᠤᠷ ᠮᠡᠳᠡᠭᠦᠯᠦᠷᠦᠨ᠄《 ᠴᠡᠷᠢᠭ ᠦ᠋ᠨ ᠵᠡᠪᠡ ᠪᠠᠷᠠᠪᠠ 》ᠬᠡᠮᠡᠭᠰᠡᠨ ᠳ᠋ᠦ᠍ᠷ ᠮᠤᠬᠤᠯᠢ᠄《ᠰᠥᠨᠢ ᠲᠠᠪᠤᠨ ᠵᠢᠩ ᠦ᠋ᠨ ᠴᠠᠭ ᠲᠤᠷ ᠰᠤᠮᠤ ᠠᠪᠤᠷ᠎ᠠ ᠢᠷ᠎ᠡ !》 ᠬᠡᠮᠡᠭᠰᠡᠨ ᠳ᠋ᠦ᠍ᠷ ᠣᠯᠠᠨ ᠵᠠᠩᠵᠤᠨ ᠨᠠᠷ ᠶᠡᠬᠡᠯ᠎ᠡ ᠭᠠᠢᠬᠠᠯᠳᠤᠪᠠ᠃ ᠭᠡᠨᠡᠳᠲᠡ ᠰᠥᠨᠢ ᠠᠮᠤᠷ ᠴᠡᠷᠢᠭ ᠢ᠋ ᠬᠥᠮᠦᠨ ᠪᠦᠷᠢ ᠨᠢᠭᠡᠨ ᠪᠣᠭᠣᠳᠠᠯ ᠡᠪᠡᠰᠦ ᠠᠪᠴᠤ ᠰᠡᠮᠡᠬᠡᠷ ᠭᠠᠳᠠᠭᠰᠢ ᠭᠠᠷᠭᠠᠵᠤ ᠴᠡᠷᠢᠭ ᠢ᠋ ᠭᠣᠣ ᠳ᠋ᠤᠷ ᠵᠣᠭᠰᠣᠭᠠᠵᠤ ᠡᠪᠡᠰᠦᠨ ᠢ᠋ ᠭᠣᠣ ᠶ᠋ᠢᠨ ᠴᠢᠨᠠᠳᠤ ᠬᠥᠪᠡᠭᠡ ᠳ᠋ᠦ᠍ᠷ ᠢᠯᠡ ᠥᠨᠳᠥᠷ ᠪᠣᠰᠬᠠᠵᠤ᠂ ᠲᠡᠷᠢᠭᠦᠨ ᠫᠤᠤ ᠳ᠋ᠤᠷ ᠬᠠᠰᠬᠢᠷ᠂ ᠬᠣᠶᠠᠳᠤᠭᠠᠷ ᠫᠤᠤ ᠳ᠋ᠤᠷ ᠡᠬᠡ᠂ ᠭᠤᠷᠪᠠᠳᠤᠭᠠᠷ ᠫᠤᠤ ᠳ᠋ᠤᠷ ᠬᠠᠭᠠᠯᠭ᠎ᠠ ᠳᠠᠷᠤ ᠭᠡᠮᠡᠨ ᠵᠠᠷᠯᠠᠵᠤ᠂ ᠲᠡᠷᠡ ᠰᠥᠨᠢ ᠪᠠᠰᠠ ᠬᠣᠢᠲᠤ ᠰᠠᠯᠬᠢᠨ ᠰᠠᠯᠬᠢᠯᠠᠬᠤᠢ ᠳ᠋ᠤᠢ ᠡᠯᠡᠰᠦ ᠳᠡᠭᠳᠡᠵᠦ ᠰᠠᠷᠠᠨ ᠬᠠᠭᠤᠴᠢᠳ ᠲᠤᠷ ᠮᠠᠰᠢ ᠬᠠᠪ ᠬᠠᠷᠠᠩᠭᠤᠢ ᠲᠤᠯᠠ ᠮᠥᠨ ᠶᠣᠰᠣᠭᠠᠷ ᠬᠢᠴᠢᠶᠡᠨ ᠪᠡᠯᠡᠳᠴᠦ ᠮᠤᠬᠤᠯᠢ ᠬᠦᠷᠢᠶ᠎ᠡ ᠤᠨᠠᠭᠤᠯᠢ ᠳ᠋ᠤᠷ ᠵᠣᠭᠰᠣᠵᠤ ᠪᠠᠢᠴᠠᠭᠠᠨ ᠦᠵᠡᠵᠦ ᠪᠡᠯᠡᠨ ᠵᠠᠯᠠᠨ ᠪᠣᠯᠤᠭᠰᠠᠨ᠎ᠠ᠂ ᠭᠡᠨᠡᠳᠲᠡ ᠲᠡᠷᠢᠭᠦᠨ ᠫᠤᠤ ᠶ᠋ᠢ ᠲᠠᠯᠪᠢᠭᠤᠯᠵᠤ᠂ ᠣᠯᠠᠨ ᠴᠡᠷᠢᠭ ᠢ᠋ ᠪᠠᠭ ᠪᠦᠷᠢ ᠬᠦᠷᠢᠶ᠎ᠡ ᠶ᠋ᠢᠨ ᠵᠠᠪᠰᠠᠷ ᠢ᠋ᠶ᠋ᠠᠷ ᠴᠣᠬᠢᠨ ᠭᠠᠷ ᠭᠡᠮᠡᠨ ᠬᠠᠰᠬᠢᠷᠤᠭᠤᠯᠤᠨ ᠬᠡᠩᠭᠡᠷᠭᠡ ᠬᠠᠷᠠᠩᠭ᠎ᠠ ᠪᠦᠷᠢᠶ᠎ᠡ ᠴᠠᠩ ᠢ᠋ ᠬᠠᠮᠲᠤ ᠪᠠᠷ ᠴᠣᠬᠢᠭᠤᠯᠵᠤ ᠦᠢᠮᠡᠭᠦᠯᠦᠭᠰᠡᠨ ᠳ᠋ᠦ᠍ᠷ ᠬᠠᠷᠯᠢᠭᠤᠳ ᠤ᠋ᠨ ᠴᠡᠷᠢᠭ ᠵᠢᠷᠭᠤᠭᠠᠨ ᠡᠳᠦᠷ ᠬᠠᠭᠠᠵᠤ ᠶᠠᠳᠠᠷᠠᠬᠤ ᠶ᠋ᠢᠨ ᠳᠡᠭᠡᠷ᠎ᠡ᠂ ᠪᠧᠲ᠋ᠠ᠋ ᠤᠯᠤᠰ ᠥᠴᠦᠬᠡᠨ ᠴᠦ᠍ ᠬᠥᠳᠡᠯᠬᠦ ᠳᠦᠷᠢ ᠦᠭᠡᠢ ᠳ᠋ᠦ᠍ᠷ ᠨᠢᠭᠡᠮᠦᠰᠦᠨ ᠰᠡᠳᠬᠢᠯ ᠰᠤᠯᠠ ᠪᠣᠯᠵᠤ᠂ ᠬᠠᠷᠠᠬᠠᠨ ᠲᠠᠷᠬᠠᠯᠴᠠᠵᠤ ᠦᠷᠭᠡᠯᠡᠨ ᠪᠦᠬᠦᠢ ᠳ᠋ᠦ᠍ᠷ ᠭᠡᠨᠡᠳᠲᠡ ᠪᠧᠲ᠋ᠠ᠋ ᠤᠯᠤᠰ ᠤ᠋ᠨ ᠴᠡᠷᠢᠭ ᠬᠤᠯᠠᠭᠤᠨ ᠭᠠᠷᠴᠤ ᠢᠷᠡᠨ ᠬᠠᠪ ᠬᠠᠷᠠᠩᠭᠤᠢ ᠪᠠᠷ ᠪᠠᠢᠯᠳᠤᠨ ᠢᠷᠡᠬᠦᠢ ᠳ᠋ᠦ᠍ᠷ ᠳᠠᠷᠤᠢ ᠨᠢᠭᠡᠨ ᠨᠤᠮᠤ ᠳ᠋ᠤᠷ ᠬᠣᠣᠰ ᠰᠤᠮᠤ ᠣᠨᠢᠯᠠᠵᠤ ᠬᠠᠷᠪᠤᠯᠴᠠᠬᠤᠢ ᠳ᠋ᠤᠷ ᠪᠧᠲ᠋ᠠ᠋ ᠶ᠋ᠢᠨ ᠴᠡᠷᠢᠭ ᠨᠡᠩ ᠢᠯᠡᠭᠦᠦ ᠬᠠᠰᠬᠢᠷᠤᠨ ᠪᠠᠷᠬᠢᠷᠠᠯᠴᠠᠵᠤ ᠣᠢᠷ᠎ᠠ ᠬᠦᠷᠴᠦ ᠢᠷᠡᠭᠰᠡᠨ ᠮᠡᠲᠦ ᠳ᠋ᠦ᠍ᠷ ᠠᠷᠰᠯᠠᠨ ᠬᠠᠭᠠᠨ ᠤ᠋ ᠠᠷᠢᠬᠢ ᠪᠠᠰᠠ ᠰᠡᠷᠭᠦᠵᠦ ᠭᠡᠨᠡᠳᠲᠡ ᠰᠣᠴᠢᠭᠠᠳ ᠲᠦᠷᠭᠡᠨ᠎ᠡ ᠬᠠᠷᠪᠤ ᠭᠡᠮᠡᠨ ᠨᠥᠬᠥᠭᠡ ᠬᠣᠶᠠᠷ ᠬᠠᠭᠠᠯᠭᠠᠨ ᠤ᠋ ᠴᠡᠷᠢᠭ ᠢ᠋ ᠮᠥᠨ ᠵᠠᠷᠯᠠᠵᠤ ᠨᠡᠮᠡᠵᠦ ᠬᠠᠷᠪᠤᠭᠤᠯᠬᠤᠢ ᠳ᠋ᠤᠷ ᠪᠧᠲ᠋ᠠ᠋ ᠤᠯᠤᠰ ᠤ᠋ᠨ ᠴᠡᠷᠢᠭ ᠪᠠᠰᠠ ᠡᠭᠡᠭᠰᠡᠨ ᠮᠡᠲᠦ ᠳ᠋ᠦ᠍ᠷ ᠨᠡᠩ ᠬᠦᠴᠦᠨ ᠨᠡᠮᠡᠭᠦᠯᠵᠦ ᠱᠠᠭᠠᠷᠳᠠᠬᠤ ᠬᠡᠩᠭᠡᠷᠭᠡ ᠶ᠋ᠢ ᠴᠣᠬᠢᠭᠤᠯᠤᠨ᠂ ᠬᠠᠷᠠᠬᠠᠨ ᠬᠠᠷᠪᠤᠬᠤᠢ ᠳ᠋ᠤᠷ ᠪᠧᠲ᠋ᠠ᠋ ᠤᠯᠤᠰ ᠤ᠋ᠨ ᠴᠡᠷᠢᠭ ᠡᠭᠡᠨᠡᠭᠲᠡ ᠡᠭᠡᠬᠦ ᠦᠭᠡᠢ ᠳ᠋ᠦ᠍ᠷ ᠡᠨᠡ ᠶᠠᠭᠤᠨ ᠤ᠋ ᠤᠴᠢᠷ ᠭᠡᠮᠡᠨ ᠰᠠᠢ ᠬᠠᠷᠪᠤᠬᠤ ᠶ᠋ᠢ  ᠴᠠᠭᠠᠵᠠᠯᠠᠲᠠᠯ᠎ᠠ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠪᠠᠰᠠ ᠨᠢᠭᠡᠨ ᠫᠤᠤ ᠶ᠋ᠢᠨ ᠳᠠᠭᠤᠨ ᠭᠠᠷᠴᠤ ᠴᠡᠷᠢᠭ ᠦ᠋ᠨ ᠬᠠᠰᠬᠢᠷᠬᠤ ᠳᠠᠭᠤᠨ ᠨᠡᠩ ᠨᠡᠮᠡᠭᠳᠡᠵᠦ ᠣᠢᠷ᠎ᠠ ᠢᠷᠡᠬᠦ ᠲᠤᠯᠠ ᠶᠠᠭᠠᠷᠠᠨ ᠪᠠᠰᠠ ᠬᠠᠷᠪᠤ ᠭᠡᠮᠡᠨ ᠵᠠᠷᠯᠠᠨ ᠬᠠᠷᠪᠤᠭᠤᠯᠵᠤ᠂ ᠬᠠᠭᠠᠰ ᠴᠠᠭ ᠪᠣᠯᠤᠭᠰᠠᠨ ᠦᠭᠡᠢ᠂ ᠪᠧᠲ᠋ᠠ᠋ ᠤᠯᠤᠰ ᠤ᠋ᠨ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠪᠠᠰᠠ ᠨᠢᠭᠡᠨ ᠫᠤᠤ ᠳᠠᠭᠤᠷᠢᠰᠴᠤ ᠣᠯᠠᠨ ᠴᠡᠷᠢᠭ ᠦ᠋ᠨ ᠬᠠᠰᠬᠢᠷᠬᠤ ᠠᠨᠤ ᠲᠠᠭ ᠵᠣᠭᠰᠣᠪᠠ᠃ ᠠᠷᠰᠯᠠᠨ ᠬᠠᠭᠠᠨ ᠶᠡᠬᠡᠯ᠎ᠡ ᠭᠠᠢᠬᠠᠵᠤ ᠶᠡᠬᠡ ᠴᠡᠷᠢᠭ ᠢ᠋ ᠱᠠᠭᠠᠷᠳᠠᠵᠤ ᠪᠠᠰᠠ ᠪᠠᠢᠯᠳᠤᠷ᠎ᠠ ᠢᠷᠠᠪᠠᠰᠤ᠂ ᠶᠡᠬᠡ ᠬᠦᠷᠢᠶᠡᠨ ᠦ᠌ ᠳᠣᠲᠣᠷ᠎ᠠ ᠮᠤᠬᠤᠯᠢ ᠥᠨᠳᠥᠷ ᠬᠠᠰᠠᠭ ᠲᠤ᠌ ᠵᠣᠭᠰᠣᠨ ᠥᠨᠳᠥᠷ ᠳᠠᠭᠤᠨ ᠢ᠋ᠶ᠋ᠠᠷ ᠠᠷᠰᠯᠠᠨ ᠬᠠᠭᠠᠨ ᠤ᠋ ᠵᠦᠭ ᠥᠭᠦᠯᠡᠷᠦᠨ᠄《ᠲᠡᠨᠡᠭ ᠠᠷᠰᠯᠠᠨ ᠴᠢᠨᠦ ᠵᠡᠪᠡ ᠥᠭᠭᠦᠭᠰᠡᠨ ᠲᠠᠯ᠎ᠠ ᠳ᠋ᠤ᠌ ᠶᠡᠬᠡᠯ᠎ᠡ ᠪᠠᠶᠠᠷᠯᠠᠮᠤᠢ!》 ᠭᠡᠮᠡᠨ ᠡᠪᠡᠰᠦᠨ ᠦ᠌ ᠪᠣᠭᠣᠳᠠᠯ ᠠ᠋ᠴᠠ ᠣᠯᠤᠭᠰᠠᠨ ᠵᠡᠪᠡ ᠶ᠋ᠢ ᠦᠵᠡᠪᠡᠰᠦ ᠥᠪᠡᠷ ᠦ᠋ᠨ ᠴᠡᠷᠢᠭ ᠦ᠋ᠨ ᠤᠭ ᠵᠡᠪᠡ ᠡᠴᠡ ᠢᠯᠡᠭᠦᠦ ᠲᠠᠪᠤᠨ ᠬᠤᠪᠢ ᠣᠯᠪᠠ᠃ ᠨᠡᠩ ᠪᠠᠰᠠ ᠪᠠᠷᠠᠭᠤᠨ ᠪᠡᠶ᠎ᠡ ᠶ᠋ᠢᠨ ᠰᠠᠢᠨ ᠵᠡᠪᠡ ᠮᠠᠰᠢ ᠣᠯᠠᠨ᠂ ᠪᠠᠷᠠᠭᠤᠨ ᠪᠡᠶ᠎ᠡ ᠲᠡᠮᠦᠷ ᠲᠣᠷ ᠣᠢᠷ᠎ᠠ ᠲᠤᠯᠠ ᠵᠡᠪᠡ ᠪᠦᠷᠢ ᠮᠠᠰᠢ ᠬᠦᠳᠡᠷ ᠪᠡᠬᠢ᠂ ᠮᠤᠬᠤᠯᠢ ᠶᠡᠬᠡᠯ᠎ᠡ ᠪᠠᠶᠠᠷᠯᠠᠵᠤ ᠣᠯᠠᠨ ᠵᠠᠩᠵᠤᠨ ᠴᠡᠷᠢᠭ ᠲᠦ᠍ᠷ ᠲᠦᠭᠡᠭᠡᠨ ᠥᠭᠪᠡ᠃ ᠣᠯᠠᠨ ᠵᠠᠩᠵᠤᠨ ᠴᠡᠷᠢᠭ ᠦ᠋ᠨ ᠭᠠᠢᠬᠠᠬᠤ ᠶ᠋ᠢ ᠴᠦ᠍ ᠪᠠᠢᠲᠤᠭᠠᠢ᠂ ᠲᠠᠢᠽᠦ ᠮᠥᠨ ᠮᠦᠰᠢᠶᠡᠨ ᠭᠠᠢᠬᠠᠵᠤ ᠰᠠᠢᠰᠢᠶᠠᠨ ᠥᠪᠡᠷ ᠦ᠋ᠨ ᠰᠠᠭᠠᠳᠠᠭ ᠢ᠋ ᠬᠠᠢᠷᠠᠯᠠᠪᠠ᠃ ᠠᠷᠰᠯᠠᠨ ᠬᠠᠭᠠᠨ ᠮᠡᠬᠡᠯᠡᠭᠳᠡᠭᠰᠡᠨ ᠳ᠋ᠦ᠍ᠷ ᠢ᠋ᠶ᠋ᠡᠨ ᠶᠡᠬᠡᠯ᠎ᠡ ᠢᠴᠢᠩᠭᠦᠷᠡᠨ ᠭᠢᠯᠢᠭᠯᠡᠵᠦ᠂ ᠶᠡᠬᠡ ᠬᠡᠩᠭᠡᠷᠭᠡ ᠴᠣᠬᠢᠭᠤᠯᠤᠨ᠂ ᠭᠤᠷᠪᠠᠨ ᠠᠢᠮᠠᠭ ᠤ᠋ᠨ ᠴᠡᠷᠢᠭ ᠢ᠋ ᠨᠡᠢᠯᠡᠭᠦᠯᠵᠦ᠂ ᠡᠨᠡ ᠤᠳᠠᠭ᠎ᠠ ᠡᠷᠬᠡᠪᠰᠢ ᠬᠦᠷᠢᠶ᠎ᠡ ᠶ᠋ᠢ ᠭᠢᠰᠬᠢᠯᠡᠨ᠂ ᠲᠡᠭᠰᠢᠯᠡᠮᠦᠢ ᠭᠡᠮᠡᠨ ᠢᠷᠡᠬᠦᠢ ᠳ᠋ᠦ᠍ᠷ ᠮᠤᠬᠤᠯᠢ ᠮᠥᠨ ᠶᠡᠬᠡ ᠬᠡᠩᠭᠡᠷᠭᠡ ᠶ᠋ᠢ ᠭᠤᠷᠪᠠᠨ ᠵᠡᠷᠭᠡ ᠴᠣᠬᠢᠭᠤᠯᠤᠨ᠂ ᠳᠥᠷᠪᠡᠨ ᠬᠠᠭᠠᠯᠭᠠᠨ ᠤ᠋ ᠵᠠᠩᠵᠤᠨ ᠴᠡᠷᠢᠭ ᠪᠠ ᠵᠢᠴᠢ ᠭᠤᠷᠪᠠᠨ ᠬᠣᠷᠢᠶ᠎ᠠ ᠶ᠋ᠢᠨ ᠴᠡᠷᠢᠭ ᠬᠤᠶᠠᠭ ᠨᠠᠷ ᠢ᠋ ᠴᠥᠮ ᠬᠠᠷᠢᠶᠠᠲᠤ ᠬᠦᠷᠢᠶ᠎ᠡ ᠳ᠋ᠦ᠍ᠷ ᠢᠷᠡᠭᠦᠯᠵᠦ ᠪᠡᠯᠡᠳᠦᠨ ᠬᠦᠯᠢᠶᠡᠭᠡᠳ ᠬᠠᠷᠯᠢᠭᠤᠳ ᠤ᠋ᠨ ᠴᠡᠷᠢᠭ ᠣᠢᠷ᠎ᠠ ᠢᠷᠡᠬᠦ ᠶ᠋ᠢ ᠬᠦᠯᠢᠶᠡᠵᠦ᠂ ᠳᠣᠬᠢᠶ᠎ᠠ ᠴᠣᠬᠢᠭᠤᠯᠤᠨ ᠬᠠᠷᠪᠤᠭᠤᠯᠬᠤᠢ ᠳ᠋ᠤᠷ ᠰᠤᠮᠤ ᠪᠦᠷᠢ ᠬᠣᠭᠣᠰᠣᠨ ᠦᠭᠡᠢ᠂ ᠬᠠᠷᠯᠢᠭᠤᠳ ᠤ᠋ᠨ ᠴᠡᠷᠢᠭ ᠭᠤᠷᠪᠠᠨ ᠵᠡᠷᠭᠡ ᠳᠡᠪᠰᠢᠭᠡᠳ ᠭᠤᠷᠪᠠᠨ ᠵᠡᠷᠭᠡ ᠬᠣᠬᠢᠷᠠᠪᠠ᠃ ᠳᠠᠷᠤᠢ ᠠᠷᠰᠯᠠᠨ ᠬᠠᠭᠠᠨ ᠶᠡᠬᠡᠯ᠎ᠡ ᠠᠭᠤᠷᠯᠠᠨ᠂ ᠡᠰᠡ ᠣᠷᠣᠭᠴᠢᠳ ᠢ᠋ ᠠᠯᠠᠮᠤᠢ ᠭᠡᠮᠡᠨ ᠵᠠᠷᠯᠠᠭᠰᠠᠨ ᠳ᠋ᠤᠷ ᠣᠯᠠᠨ ᠴᠡᠷᠢᠭ ᠦᠬᠦᠨ ᠪᠠᠢᠯᠳᠤᠵᠤ᠂ ᠴᠡᠷᠢᠭ ᠦ᠋ᠨ ᠭᠣᠣ ᠳ᠋ᠤᠷ ᠬᠦᠷᠴᠦ ᠢᠷᠡᠬᠦᠶ᠎ᠡ᠂ ᠮᠤᠬᠤᠯᠢ ᠲᠡᠳᠡᠨ ᠦ᠌ ᠵᠠᠷᠯᠠᠯ ᠢ᠋ ᠮᠡᠳᠡᠭᠡᠳ ᠭᠡᠨᠡᠳᠲᠡ ᠪᠦᠷᠢᠶ᠎ᠡ ᠦᠯᠢᠶᠡᠨ ᠬᠠᠷᠪᠤᠬᠤ ᠶ᠋ᠢ ᠵᠣᠭᠰᠣᠭᠠᠭᠰᠠᠨ ᠳ᠋ᠤᠷ ᠬᠠᠷᠯᠢᠭᠤᠳ ᠤ᠋ᠨ ᠴᠡᠷᠢᠭ ᠶᠡᠬᠡᠯ᠎ᠡ ᠰᠡᠵᠢᠭᠯᠡᠵᠦ ᠦᠬᠦᠪᠡᠴᠦ ᠣᠢᠷ᠎ᠠ ᠢᠷᠡᠬᠦ ᠦᠭᠡᠢ ᠪᠣᠯᠤᠭᠰᠠᠨ ᠳ᠋ᠤᠷ ᠠᠷᠰᠯᠠᠨ ᠬᠠᠭᠠᠨ ᠬᠡᠩᠭᠡᠷᠭᠡ ᠬᠡᠷᠬᠢᠨ ᠴᠣᠬᠢᠭᠤᠯᠪᠠᠴᠤ ᠴᠡᠷᠢᠭ ᠤᠷᠤᠭᠰᠢ ᠣᠷᠣᠬᠤ ᠦᠭᠡᠢ ᠳ᠋ᠦ᠍ᠷ ᠤᠴᠢᠷ ᠢ᠋ ᠠᠰᠠᠭᠤᠪᠠᠰᠤ ᠪᠧᠲ᠋ᠠ᠋ ᠤᠯᠤᠰ ᠤ᠋ᠨ ᠬᠠᠷᠪᠤᠬᠤ ᠪᠠᠨ ᠨᠢᠭᠡᠮᠦᠰᠦᠨ ᠵᠣᠭᠰᠣᠵᠤ ᠮᠠᠨ ᠤ᠋ ᠴᠡᠷᠢᠭ ᠢ᠋ ᠡᠳᠦᠭᠡᠮᠦᠢ ᠬᠡᠮᠡᠬᠦᠢ ᠳ᠋ᠦ᠍ᠷ ᠠᠷᠰᠯᠠᠨ ᠬᠠᠭᠠᠨ ᠶᠡᠬᠡᠯ᠎ᠡ ᠰᠡᠵᠢᠭᠯᠡᠨ ᠬᠠᠷᠠᠩᠭ᠎ᠠ ᠴᠣᠬᠢᠵᠤ ᠴᠡᠷᠢᠭ ᠬᠤᠷᠢᠶᠠᠵᠤ ᠬᠡᠪ ᠢ᠋ᠶ᠋ᠡᠷ ᠡᠭᠡᠵᠦ ᠪᠠᠭᠤᠳᠠᠯᠯᠠᠪᠠ᠃ 
       ᠦᠵᠡᠰᠡ ᠡᠳᠡᠭᠡᠷ ᠴᠥᠮ ᠮᠤᠬᠤᠯᠢ ᠶ᠋ᠢᠨ ᠰᠠᠨᠳᠤᠷᠬᠤ ᠶ᠋ᠢᠨ ᠦᠶ᠎ᠡ ᠳ᠋ᠦ᠍ᠷ ᠳᠠᠢᠰᠤᠨ ᠢ᠋ ᠮᠡᠬᠡᠯᠡᠨ ᠰᠡᠵᠢᠭᠯᠡᠭᠦᠯᠬᠦ ᠠᠷᠭ᠎ᠠ ᠠᠵᠤᠭᠤ᠃ ᠡᠢᠨ ᠬᠦ᠌ ᠬᠠᠷᠢᠯᠴᠠᠨ ᠲᠤᠯᠤᠯᠴᠠᠵᠤ ᠬᠠᠭᠠᠰ ᠰᠠᠷ᠎ᠠ ᠪᠣᠯᠵᠤ᠂ ᠠᠷᠪᠠᠨ ᠲᠦᠮᠡᠨ ᠴᠡᠷᠢᠭ ᠬᠦᠷᠴᠦ ᠢᠷᠡᠬᠦ ᠴᠢᠮᠡᠭᠡ ᠢᠷᠡᠭᠰᠡᠨ ᠳ᠋ᠦ᠍ᠷ ᠭᠡᠨᠡᠳᠲᠡ ᠡᠮᠦᠨ᠎ᠡ ᠡᠴᠡ ᠰᠠᠯᠬᠢᠯᠠᠨ ᠦᠳᠡ ᠥᠩᠭᠡᠷᠡᠮᠡᠭᠴᠡ ᠬᠠᠪᠤᠷ ᠤ᠋ᠨ ᠵᠢᠪᠡᠭᠦᠨ ᠴᠠᠰᠤ ᠡᠬᠢᠯᠡᠨ ᠣᠷᠣᠭᠰᠠᠨ ᠳ᠋ᠤᠷ ᠮᠤᠬᠤᠯᠢ ᠶᠡᠬᠡᠯ᠎ᠡ ᠪᠠᠶᠠᠷᠯᠠᠵᠤ ᠡᠵᠡᠨ ᠳ᠋ᠦ᠍ᠷ ᠣᠷᠣᠵᠤ ᠮᠥᠷᠭᠥᠵᠦ ᠮᠣᠷᠢᠨ ᠲᠠᠰᠢᠭᠤᠷ ᠡᠷᠭᠦᠪᠡ᠃ ᠲᠠᠢᠽᠦ ᠰᠠᠨᠠᠭᠠᠨ ᠢ᠋ ᠮᠡᠳᠡᠭᠡᠳ ᠳᠠᠷᠤᠢ ᠣᠯᠠᠨ ᠴᠡᠷᠢᠭ ᠲᠦ᠍ᠷ ᠵᠠᠷᠯᠠᠭᠰᠠᠨ ᠠᠨᠤ᠄《ᠡᠨᠡ ᠤᠳᠠᠭ᠎ᠠ ᠤᠷᠢᠳᠠ ᠰᠤᠮᠤ ᠵᠢᠭᠡᠯᠡᠭᠰᠡᠨ ᠠᠷᠭ᠎ᠠ ᠪᠠᠷ ᠭᠠᠷᠴᠤ ᠬᠦᠷᠢᠶ᠎ᠡ ᠶ᠋ᠢ ᠣᠷᠬᠢᠵᠤ ᠪᠤᠷᠤᠭᠤᠯᠠᠨ᠂ ᠬᠠᠷ᠎ᠠ ᠬᠢᠭᠦᠯ ᠦ᠋ᠨ ᠭᠠᠯ ᠠᠭᠤᠯᠠ ᠶ᠋ᠢᠨ ᠳᠣᠪᠣ ᠶ᠋ᠢᠨ ᠬᠣᠢᠨ᠎ᠠ ᠪᠠᠭᠤᠯᠭᠠᠨ᠂ ᠵᠠᠮ ᠳ᠋ᠤᠷ ᠠᠴᠢᠶ᠎ᠠ ᠬᠥᠰᠬᠡ ᠪᠠ ᠵᠠᠷ ᠵᠡᠪᠰᠡᠭ ᠢ᠋ ᠣᠷᠬᠢᠵᠤ ᠪᠤᠷᠤᠭᠤᠯᠠᠨ᠂ ᠨᠠᠢ᠍ᠮᠠᠨ ᠵᠦᠭ ᠲᠡᠮᠡᠴᠡᠨ ᠭᠠᠷᠤᠭᠠᠳ ᠨᠢᠭᠡᠨ ᠭᠠᠵᠠᠷ ᠲᠤᠷ ᠬᠤᠷᠠᠮᠤᠢ!》 ᠭᠡᠮᠡᠨ ᠵᠠᠷᠯᠠᠭᠠᠳ ᠭᠣᠷᠯᠣᠰ ᠤ᠋ᠨ ᠨᠠᠷᠠᠨ ᠬᠠᠭᠠᠨ ᠢ᠋ ᠲᠠᠢᠽᠦ ᠶ᠋ᠢᠨ ᠶᠣᠰᠣᠭᠠᠷ ᠴᠢᠮᠡᠵᠦ᠂ ᠮᠤᠬᠤᠯᠢ ᠥᠭᠦᠯᠡᠷᠦᠨ᠄《ᠡᠨᠡ ᠤᠳᠠᠭ᠎ᠠ ᠴᠢᠨᠦ ᠭᠠᠪᠢᠶ᠎ᠠ ᠪᠦᠲᠦᠭᠡᠬᠦ ᠶ᠋ᠢ ᠦᠵᠡᠰᠦᠭᠡᠢ᠂ ᠤᠯᠠᠭᠠᠨ ᠬᠤᠶᠠᠭᠲᠤ ᠴᠡᠷᠢᠭ ᠨᠢᠭᠡᠨ ᠲᠦᠮᠡᠨ ᠥᠭᠴᠦ ᠰᠢᠭᠤᠳ ᠠᠷᠰᠯᠠᠨ ᠬᠠᠭᠠᠨ ᠤ᠋ ᠬᠦᠷᠢᠶ᠎ᠡ ᠶ᠋ᠢ ᠰᠢᠪᠲᠤᠯᠤᠨ ᠭᠠᠷ!》 ᠭᠡᠮᠡᠨ ᠲᠤᠰᠢᠶᠠᠵᠤ᠂ ᠳᠣᠣᠷ᠎ᠠ ᠠᠨᠤ ᠥᠪᠡᠷ ᠢ᠋ᠶ᠋ᠡᠨ ᠲᠡᠷᠢᠭᠦᠯᠡᠵᠦ᠂ ᠰᠢᠷᠢ ᠬᠤᠲᠤᠭ᠂ ᠴᠢᠮᠪᠢ ᠳᠠᠷᠬᠠᠨ᠂ ᠰᠡᠴᠡᠨ ᠪᠡᠬᠢ᠂ ᠶᠠᠪᠤᠭ᠎ᠠ ᠨᠠᠷ ᠢ᠋ ᠠᠪᠴᠤ ᠬᠠᠭᠤᠷᠮᠠᠭ ᠢ᠋ᠶ᠋ᠠᠷ ᠲᠠᠢᠽᠦ ᠶ᠋ᠢ ᠬᠠᠮᠠᠭᠠᠯᠠᠭᠴᠢ ᠪᠣᠯᠤᠨ᠂ ᠪᠠᠰᠠ ᠬᠣᠶᠠᠷ ᠪᠠᠭ᠎ᠠ ᠡᠵᠡᠨ᠂ ᠬᠦᠷᠭᠡᠨ ᠴᠡᠴᠡᠭ ᠨᠠᠷ ᠲᠡᠷᠢᠭᠦᠯᠡᠨ ᠠᠷᠪᠠᠨ ᠵᠠᠯᠠᠭᠤ ᠵᠠᠩᠵᠤᠨ ᠢ᠋ ᠳᠠᠭᠤᠳᠠᠨ ᠣᠷᠣᠭᠤᠯᠵᠤ᠄《ᠲᠠ ᠨᠠᠷ ᠵᠡᠭᠦᠨ ᠵᠦᠭ ᠪᠠᠢᠯᠳᠤᠨ ᠭᠠᠷ᠂ ᠳᠥᠷᠪᠡᠨ ᠪᠠᠷᠰ ᠤ᠋ᠨ ᠵᠠᠩᠵᠤᠨ ᠲᠠᠢᠽᠦ ᠶ᠋ᠢ ᠬᠠᠮᠠᠭᠠᠯᠠᠨ ᠬᠣᠢᠲᠤ ᠵᠦᠭ ᠪᠠᠢᠯᠳᠤᠨ ᠭᠠᠷᠴᠤ ᠭᠠᠯ ᠠᠭᠤᠯᠠᠨ ᠤ᠋ ᠶᠡᠬᠡ ᠬᠦᠷᠢᠶ᠎ᠡ ᠳ᠋ᠦ᠍ᠷ ᠡᠴᠢ᠂ ᠬᠣᠢᠯᠠᠲᠠᠷ ᠬᠣᠰᠢᠭᠤᠴᠢ ᠲᠠᠪᠤᠨ ᠮᠢᠩᠭᠠᠨ ᠴᠡᠷᠢᠭ ᠠᠪᠴᠤ ᠪᠠᠷᠠᠭᠤᠨ ᠬᠠᠭᠠᠯᠭ᠎ᠠ ᠳ᠋ᠤᠷ ᠭᠠᠯ ᠲᠠᠯᠪᠢᠵᠤ ᠬᠠᠭᠤᠷᠮᠠᠭᠯᠠᠨ ᠪᠠᠢᠯᠳᠤᠨ ᠭᠠᠷᠬᠤ ᠳᠦᠷᠢᠮ ᠢ᠋ ᠭᠠᠷᠭᠠᠵᠤ᠂ ᠬᠠᠷᠯᠢᠭᠤᠳ ᠤ᠋ᠨ ᠴᠡᠷᠢᠭ ᠢ᠋ ᠮᠡᠬᠡᠯᠡᠵᠦ ᠪᠠᠷᠠᠭᠤᠨ ᠬᠠᠭᠠᠯᠭ᠎ᠠ ᠳ᠋ᠤᠷ ᠦᠯᠡᠮᠵᠢ ᠴᠢᠭᠤᠯᠭᠤᠯᠤᠨ᠂ ᠡᠨᠡ ᠵᠠᠪᠰᠠᠷ ᠭᠤᠷᠪᠠᠨ ᠠᠩᠭᠢ ᠴᠡᠷᠢᠭ ᠭᠤᠷᠪᠠᠨ ᠵᠦᠭ ᠠᠯᠠᠨ ᠭᠠᠷ᠂ ᠡᠵᠡᠨ ᠦ᠌ ᠨᠢᠭᠡᠨ ᠠᠩᠭᠢ ᠴᠡᠷᠢᠭ ᠭᠠᠷᠪᠠᠰᠤ ᠭᠠᠳᠠᠨ᠎ᠠ ᠶᠡᠬᠡ ᠦᠬᠡᠷ ᠫᠤᠤ ᠳᠡᠯᠪᠢ᠂ ᠮᠥᠨ ᠲᠡᠮᠳᠡᠭ ᠢ᠋ᠶ᠋ᠡᠷ ᠬᠣᠢᠯᠠᠳᠠᠷ ᠵᠡᠭᠦᠨ ᠬᠠᠭᠠᠯᠭ᠎ᠠ ᠪᠠᠷ ᠪᠠᠭ᠎ᠠ ᠡᠵᠡᠳ ᠦ᠋ᠨ ᠴᠡᠷᠢᠭ ᠦ᠋ᠨ ᠰᠡᠭᠦᠯ ᠢ᠋ ᠬᠠᠮᠠᠭᠠᠯᠠᠨ ᠶᠠᠪᠤᠵᠤ ᠭᠠᠷᠤᠭᠲᠤᠨ !》 ᠭᠡᠮᠡᠨ ᠵᠠᠷᠯᠠᠭᠠᠳ ᠮᠥᠨ ᠰᠥᠨᠢ ᠳᠠᠷᠤᠢ ᠰᠤᠮᠤ ᠵᠢᠭᠡᠯᠡᠭᠰᠡᠨ ᠠᠷᠭ᠎ᠠ ᠪᠠᠷ ᠭᠠᠷᠴᠤ ᠫᠤᠤ ᠳᠠᠭᠤᠷᠢᠰᠴᠤ᠂ ᠬᠠᠰᠬᠢᠷᠤᠯᠳᠤᠬᠤᠢ ᠳ᠋ᠤᠷ ᠬᠠᠷᠯᠢᠭᠤᠳ ᠤ᠋ᠨ ᠴᠡᠷᠢᠭ ᠪᠠᠰᠠ ᠮᠡᠬᠡᠯᠡᠷ᠎ᠡ ᠢᠷᠡᠪᠡ᠂ ᠣᠢᠷ᠎ᠠ ᠬᠦᠷᠴᠦ ᠢᠷᠡᠭᠰᠡᠨ ᠬᠣᠢᠨ᠎ᠠ ᠭᠠᠷ ᠭᠡᠮᠡᠨ ᠬᠠᠷᠪᠤᠬᠤ ᠶ᠋ᠢ ᠨᠢᠭᠡᠮᠦᠰᠦᠨ ᠴᠠᠭᠠᠵᠠᠯᠠᠭᠰᠠᠨ ᠳ᠋ᠤᠷ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠪᠠᠰᠠ ᠨᠢᠭᠡᠨ ᠫᠤᠤ ᠳᠤᠤᠭᠠᠷᠤᠮᠠᠭᠴᠠ ᠪᠧᠲ᠋ᠠ᠋ ᠤᠯᠤᠰ ᠤ᠋ᠨ ᠴᠡᠷᠢᠭ ᠭᠡᠨᠡᠳᠲᠡ ᠪᠠᠷᠬᠢᠷᠠᠬᠤ ᠪᠠᠨ ᠲᠠᠭ ᠵᠣᠭᠰᠣᠭᠰᠠᠨ ᠳ᠋ᠤᠷ ᠬᠠᠷᠯᠢᠭᠤᠳ ᠤ᠋ᠨ ᠴᠡᠷᠢᠭ ᠢᠨᠢᠶᠡᠯᠴᠡᠨ ᠥᠭᠦᠯᠡᠷᠦᠨ᠄《ᠲᠡᠢᠮᠦ ᠠᠷᠭ᠎ᠠ ᠶ᠋ᠢ ᠬᠣᠶᠠᠷᠲᠠ ᠬᠡᠷᠡᠭᠯᠡᠵᠦ ᠪᠣᠯᠬᠤ ᠤᠤ ?》ᠭᠡᠮᠡᠨ ᠬᠡᠯᠡᠯᠴᠡᠨ ᠦᠭᠡ ᠪᠠᠷᠠᠬᠤ ᠶ᠋ᠢᠨ ᠤᠷᠢᠳ ᠪᠧᠲ᠋ᠠ᠋ ᠤᠯᠤᠰ ᠤ᠋ᠨ ᠴᠡᠷᠢᠭ ᠦ᠋ᠨ ᠳᠣᠲᠣᠷ᠎ᠠ ᠭᠡᠨᠡᠳᠲᠡ ᠭᠠᠯ ᠤ᠋ᠨ ᠭᠡᠷᠡᠯ ᠭᠠᠷᠴᠤ ᠳᠥᠷᠪᠡᠨ ᠵᠦᠭ ᠴᠣᠬᠢᠨ ᠪᠠᠢᠯᠳᠤᠵᠤ ᠢᠷᠡᠬᠦ ᠢᠨᠤ ᠴᠢᠯᠠᠭᠤ ᠥᠩᠬᠥᠷᠢᠨ ᠦᠶᠡᠷ ᠪᠠᠭᠤᠬᠤ ᠮᠡᠲᠦ ᠳ᠋ᠦ᠍ᠷ ᠬᠠᠷᠯᠢᠭᠤᠳ ᠤ᠋ᠨ ᠴᠡᠷᠢᠭ ᠪᠧᠲ᠋ᠠ᠋ ᠤᠯᠤᠰ ᠤ᠋ᠨ ᠴᠡᠷᠢᠭ ᠢ᠋ ᠯᠠᠪ ᠪᠠᠰᠠ ᠬᠦᠷᠢᠶᠡᠨ ᠳ᠋ᠦ᠍ᠷ ᠡᠭᠡᠮᠦᠢ ᠭᠡᠮᠡᠨ ᠰᠠᠨᠠᠭᠠᠨ ᠳ᠋ᠤᠷ ᠦᠭᠡᠢ ᠪᠥᠬᠥᠶ᠎ᠡ᠂ ᠭᠡᠨᠡᠳᠲᠡ ᠪᠠᠷᠠᠭᠤᠨ ᠬᠠᠭᠠᠯᠭᠠᠨ ᠳ᠋ᠤᠷ ᠭᠠᠯ ᠬᠥᠭᠵᠢᠵᠦ ᠲᠠᠢᠽᠦ ᠶ᠋ᠢᠨ ᠰᠢᠬᠦᠷ ᠳᠠᠯᠪᠠᠭ᠎ᠠ ᠶ᠋ᠢ ᠡᠷᠭᠦᠨ᠂ ᠣᠯᠠᠨ ᠴᠡᠷᠢᠭ ᠶᠡᠬᠡᠯ᠎ᠡ ᠶᠠᠭᠠᠷᠠᠨ ᠪᠠᠷᠠᠭᠤᠨ ᠬᠠᠭᠠᠯᠭ᠎ᠠ ᠶ᠋ᠢ ᠪᠡᠬᠢᠯᠡᠨ ᠴᠡᠷᠢᠭ ᠢ᠋  ᠵᠤᠵᠠᠭᠠᠯᠠᠨ ᠪᠥᠬᠥᠶ᠎ᠡ᠂ ᠪᠧᠲ᠋ᠠ᠋ ᠤᠯᠤᠰ ᠤ᠋ᠨ ᠴᠡᠷᠢᠭ ᠭᠤᠷᠪᠠᠨ ᠵᠦᠭ ᠦ᠋ᠨ ᠴᠡᠷᠢᠭ ᠢ᠋ ᠴᠥᠮ ᠠᠯᠠᠨ ᠰᠢᠪᠲᠤᠯᠵᠤ᠂ ᠳᠥᠷᠪᠡᠨ ᠵᠠᠮ ᠢ᠋ᠶ᠋ᠠᠷ ᠭᠠᠷᠬᠤᠶ᠎ᠠ ᠮᠤᠬᠤᠯᠢ ᠵᠣᠷᠢᠮᠠᠭ ᠢ᠋ᠶ᠋ᠠᠷ ᠬᠠᠭᠤᠷᠮᠠᠭ ᠲᠠᠢᠽᠦ ᠶ᠋ᠢ ᠬᠠᠮᠠᠭᠠᠯᠠᠨ ᠶᠠᠪᠤᠬᠤᠶ᠎ᠠ᠂ ᠠᠷᠰᠯᠠᠨ ᠬᠠᠭᠠᠨ ᠶᠡᠬᠡ ᠴᠠᠰᠤᠨ ᠳ᠋ᠤᠷ ᠰᠡᠳᠬᠢᠯ ᠵᠣᠪᠠᠨᠢᠨ ᠶᠡᠬᠡᠯ᠎ᠡ ᠰᠣᠭᠲᠣᠵᠤ ᠤᠮᠳᠠᠬᠤᠶ᠎ᠠ ᠭᠡᠨᠡᠳᠲᠡ ᠪᠠᠰᠠ ᠰᠤᠮᠤ ᠵᠢᠭᠡᠯᠡᠬᠦ ᠴᠡᠷᠢᠭ ᠭᠠᠷᠪᠠ ᠭᠡᠮᠡᠨ ᠮᠡᠳᠡᠭᠦᠯᠦᠭᠡᠳ ᠤᠳᠠᠭᠰᠠᠨ ᠦᠭᠡᠢ ᠪᠠᠰᠠ᠄ ᠪᠠᠷᠠᠭᠤᠨ ᠬᠠᠭᠠᠯᠭ᠎ᠠ ᠪᠠᠷ ᠪᠧᠲ᠋ᠠ᠋ ᠶ᠋ᠢᠨ ᠴᠡᠷᠢᠭ ᠪᠠᠢᠯᠳᠤᠷ᠎ᠠ ᠭᠠᠷᠤᠮᠤᠢ ᠭᠡᠮᠡᠨ ᠭᠠᠯ ᠡᠷᠭᠦᠪᠡ ᠬᠡᠮᠡᠭᠰᠡᠨ ᠳ᠋ᠦ᠍ᠷ ᠠᠷᠰᠯᠠᠨ ᠬᠠᠭᠠᠨ ᠪᠣᠰᠴᠤ ᠵᠠᠩᠵᠤᠨ ᠨᠠᠷ ᠢ᠋ ᠳᠣᠪᠲᠣᠯᠭᠠᠨ ᠵᠠᠷᠤᠭᠠᠳ ᠥᠪᠡᠷ ᠢ᠋ᠶ᠋ᠡᠨ ᠬᠤᠶᠠᠭᠯᠠᠵᠤ ᠮᠣᠷᠢ ᠤᠨᠤᠨ ᠪᠠᠷᠠᠭᠤᠨ ᠬᠠᠭᠠᠯᠭ᠎ᠠ ᠶ᠋ᠢ ᠪᠡᠬᠢᠯᠡᠷ᠎ᠡ ᠡᠴᠢᠰᠦᠭᠡᠢ ᠭᠡᠮᠡᠨ ᠭᠠᠷᠴᠤ ᠢᠷᠡᠲᠡᠯ᠎ᠡ ᠴᠢᠪᠬᠢᠲᠡᠯ᠎ᠡ ᠬᠠᠭᠤᠷᠮᠠᠭ ᠲᠠᠢᠽᠦ ᠰᠢᠬᠦᠷ ᠳᠠᠯᠪᠠᠭ᠎ᠠ ᠶᠡᠬᠡ ᠵᠢᠭᠰᠠᠭᠠᠯ ᠢ᠋ᠶ᠋ᠠᠷ ᠮᠤᠬᠤᠯᠢ ᠶ᠋ᠢᠨ ᠴᠡᠷᠢᠭ ᠲᠡᠢ ᠥᠩᠭᠡᠷᠡᠨ ᠭᠠᠷᠬᠤᠢ ᠳ᠋ᠤᠷ ᠪᠠᠷᠠᠭᠤᠨ ᠬᠠᠭᠠᠯᠭ᠎ᠠ ᠳ᠋ᠤᠷ ᠠᠷᠰᠯᠠᠨ ᠬᠠᠭᠠᠨ ᠥᠪᠡᠷ ᠦ᠋ᠨ ᠨᠢᠭᠡᠨ ᠠᠩᠭᠢ ᠴᠡᠷᠢᠭ ᠢ᠋ᠶ᠋ᠡᠨ ᠠᠪᠴᠤ ᠨᠡᠬᠡᠵᠦ ᠢᠷᠡᠲᠡᠯ᠎ᠡ ᠰᠢᠷᠢ ᠬᠤᠲᠤᠭ ᠤ᠋ᠨ ᠴᠡᠷᠢᠭ ᠦ᠋ᠨ ᠰᠡᠭᠦᠯ ᠢ᠋ ᠬᠠᠢᠭᠤᠯᠯᠠᠨ ᠪᠠᠢᠭᠰᠠᠨ ᠳ᠋ᠤᠷ ᠲᠣᠬᠢᠶᠠᠯᠳᠤᠨ ᠪᠠᠢᠯᠳᠤᠵᠤ᠂ ᠲᠠᠪᠢᠨ ᠤᠳᠠᠭ᠎ᠠ ᠵᠥᠷᠢᠴᠡᠯᠳᠦᠨ ᠰᠢᠷᠢ ᠬᠤᠲᠤᠭ ᠦᠨᠡᠬᠡᠷ ᠲᠤᠯᠤᠨ ᠴᠢᠳᠠᠬᠤ ᠦᠭᠡᠢ ᠪᠤᠷᠤᠭᠤᠯᠠᠬᠤᠢ ᠳ᠋ᠤᠷ ᠠᠷᠰᠯᠠᠨ ᠬᠠᠭᠠᠨ ᠶᠡᠬᠡᠯ᠎ᠡ ᠬᠢᠯᠢᠩᠯᠡᠵᠦ᠄《ᠠᠮᠢ ᠭᠠᠷᠬᠤ ᠶ᠋ᠢ ᠪᠢᠲᠡᠭᠡᠢ ᠰᠠᠨᠠ᠂ ᠲᠡᠮᠦᠵᠢᠨ ᠢ᠋ ᠦᠯᠡᠳᠡᠭᠡᠨ ᠦᠭᠪᠡᠰᠦ ᠲᠠ ᠣᠯᠠᠨ ᠤ᠋ ᠠᠮᠢᠨ ᠢ᠋ ᠲᠠᠯᠪᠢᠨ ᠭᠠᠷᠭᠠᠰᠤᠭᠠᠢ!》 ᠭᠡᠮᠡᠨ ᠨᠡᠬᠡᠵᠦ ᠢᠷᠡᠨ ᠠᠷᠪᠠᠭᠠᠳ ᠭᠠᠵᠠᠷ ᠶᠠᠪᠤᠭᠰᠠᠨ ᠦᠭᠡᠢ ᠲᠠᠢᠽᠦ ᠶ᠋ᠢᠨ ᠴᠡᠷᠢᠭ ᠢ᠋ ᠨᠡᠬᠡᠵᠦ ᠭᠦᠢᠴᠡᠭᠰᠡᠨ ᠳ᠋ᠦ᠍ᠷ ᠮᠤᠬᠤᠯᠢ ᠨᠠᠷ ᠬᠡᠳᠦᠨ ᠮᠢᠩᠭᠠᠨ ᠱᠠᠯᠠᠮᠠᠭᠠᠢ ᠴᠡᠷᠢᠭ ᠢ᠋ ᠠᠪᠴᠤ ᠤᠷᠤᠭᠰᠢᠯᠠᠨ ᠵᠣᠭᠵᠢᠵᠤ ᠤᠮᠠᠷ᠎ᠠ ᠵᠦᠭ ᠪᠤᠷᠤᠭᠤᠯᠠᠨ ᠡᠴᠢᠬᠦᠢ ᠳ᠋ᠦ᠍ᠷ ᠠᠷᠰᠯᠠᠨ ᠬᠠᠭᠠᠨ ᠲᠠᠯᠪᠢᠯ ᠦᠭᠡᠢ ᠮᠥᠨ ᠬᠦ᠌ ᠬᠡᠳᠦᠨ ᠮᠢᠩᠭᠠᠨ ᠴᠡᠷᠢᠭ ᠢ᠋ᠶ᠋ᠡᠨ ᠠᠪᠴᠤ ᠨᠡᠬᠡᠵᠦ ᠡᠴᠢᠪᠡ᠃ ᠡᠨᠡ ᠦᠶ᠎ᠡ ᠳ᠋ᠦ᠍ᠷ ᠲᠠᠢᠽᠦ ᠳᠥᠷᠪᠡᠨ ᠪᠠᠷᠰ ᠤ᠋ᠨ ᠵᠠᠩᠵᠤᠨ ᠤ᠋ ᠴᠡᠷᠢᠭ ᠢ᠋ ᠠᠪᠴᠤ ᠬᠡᠳᠦᠢᠨᠡᠢ ᠬᠦᠷᠢᠶ᠎ᠡ ᠡᠴᠡ ᠴᠣᠬᠢᠨ ᠭᠠᠷᠴᠤ ᠬᠠᠷᠯᠢᠭᠤᠳ ᠤ᠋ᠨ ᠴᠡᠷᠢᠭ ᠢ᠋ ᠠᠯᠠᠨ ᠰᠠᠷᠨᠢᠭᠤᠯᠵᠤ ᠬᠣᠢᠲᠤ ᠵᠦᠭ ᠡᠴᠢᠬᠦᠶ᠎ᠡ᠂ ᠪᠠᠭ᠎ᠠ ᠡᠵᠡᠳ ᠠᠷᠪᠠᠨ ᠳᠥᠷᠪᠡᠨ ᠵᠠᠩᠵᠤᠨ ᠨᠠᠷ ᠨᠡᠩ ᠬᠤᠷᠴᠠ ᠴᠢᠭᠢᠷᠠᠭ᠂ ᠬᠠᠭᠠᠰ ᠰᠠᠷ᠎ᠠ ᠬᠠᠭᠠᠭᠳᠠᠨ ᠬᠣᠷᠢᠭᠳᠠᠭᠰᠠᠨ ᠬᠣᠷᠣᠰᠤᠯ ᠢ᠋ᠶ᠋ᠠᠨ ᠭᠠᠷᠭᠠᠵᠤ ᠴᠠᠪᠴᠢᠨ ᠭᠠᠷᠬᠤᠢ ᠳ᠋ᠤᠷ ᠬᠠᠷᠯᠢᠭᠤᠳ ᠤ᠋ᠨ ᠵᠠᠩᠵᠤᠨ ᠰᠢᠷ᠎ᠠ ᠭᠣᠣᠯ ᠢ᠋ ᠲᠠᠢᠽᠢ ᠴᠠᠭᠠᠲᠠᠢ ᠨᠢᠭᠡᠨ ᠰᠤᠮᠤ ᠳ᠋ᠤᠷ ᠳᠠᠷᠤᠢ ᠬᠣᠭᠣᠯᠠᠢ ᠶ᠋ᠢ ᠲᠠᠰᠤ ᠬᠠᠷᠪᠤᠵᠤ ᠤᠨᠠᠭᠠᠭᠰᠠᠨ ᠳ᠋ᠤᠷ ᠪᠧᠲ᠋ᠠ᠋  ᠤᠯᠤᠰ ᠤ᠋ᠨ ᠴᠡᠷᠢᠭ ᠶᠡᠬᠡᠯ᠎ᠡ ᠪᠠᠶᠠᠷᠯᠠᠨ ᠲᠣᠯᠣᠭᠠᠢ ᠶ᠋ᠢ ᠣᠭᠲᠣᠯᠵᠤ ᠡᠷᠭᠦᠭᠰᠡᠨ᠎ᠡ᠂ ᠴᠠᠭᠠᠲᠠᠢ ᠮᠣᠷᠢᠨ ᠤ᠋ ᠮᠣᠨᠴᠣᠭ ᠲᠤᠷ ᠤᠶᠠᠵᠤ ᠲᠡᠷᠢᠭᠦᠯᠡᠨ ᠠᠯᠠᠨ ᠭᠠᠷᠴᠤ ᠢᠷᠡᠬᠦᠢ ᠳ᠋ᠦ᠍ᠷ ᠬᠠᠷᠯᠢᠭᠤᠳ ᠤ᠋ᠨ ᠣᠯᠠᠨ ᠴᠡᠷᠢᠭ ᠡᠵᠡᠨ ᠢᠨᠤ ᠠᠯᠠᠭᠳᠠᠭᠰᠠᠨ ᠳ᠋ᠤᠷ ᠪᠠᠢᠯᠳᠤᠬᠤ ᠰᠡᠳᠬᠢᠯ ᠦᠭᠡᠢ ᠪᠤᠷᠤᠭᠤᠯᠠᠪᠠ᠃ ᠵᠡᠭᠦᠨ ᠬᠠᠭᠠᠯᠭ᠎ᠠ ᠶ᠋ᠢᠨ ᠴᠡᠷᠢᠭ ᠢᠷᠡᠵᠦ ᠲᠠᠢᠽᠦ ᠳ᠋ᠦ᠍ᠷ ᠵᠣᠯᠭᠠᠨ ᠴᠠᠭᠠᠲᠠᠢ᠂ ᠰᠢᠷ᠎ᠠ ᠭᠣᠣᠯ ᠤ᠋ᠨ ᠲᠣᠯᠣᠭᠠᠢ ᠶ᠋ᠢ ᠪᠠᠷᠢᠭᠰᠠᠨ ᠳ᠋ᠤᠷ ᠲᠠᠢᠽᠦ ᠪᠡᠶᠡᠰᠦᠨ ᠰᠠᠢᠰᠢᠶᠠᠵᠤ᠂ ᠲᠡᠳᠦᠢ ᠣᠯᠠᠨ ᠴᠡᠷᠢᠭ ᠭᠠᠷᠤᠭᠰᠠᠨ ᠢ᠋ ᠦᠵᠡᠭᠡᠳ ᠬᠤᠢᠯᠠᠳᠠᠷ ᠬᠣᠰᠢᠭᠤᠴᠢ ᠳᠠᠷᠤᠢ ᠳᠣᠬᠢᠶ᠎ᠠ ᠫᠤᠤ ᠲᠠᠯᠪᠢᠭᠤᠯᠵᠤ ᠬᠠᠭᠤᠷᠮᠠᠭ ᠴᠡᠷᠢᠭ ᠢ᠋ ᠭᠡᠨᠡᠳᠲᠡ ᠤᠬᠤᠷᠢᠭᠤᠯᠤᠨ ᠮᠥᠨ ᠬᠦ᠌ ᠵᠡᠭᠦᠨ ᠬᠠᠭᠠᠯᠭ᠎ᠠ ᠪᠠᠷ ᠭᠠᠷᠴᠤ ᠢᠷᠡᠬᠦᠶ᠎ᠡ᠂ ᠡᠨᠡ ᠦᠶ᠎ᠡ ᠳ᠋ᠦ᠍ᠷ ᠬᠠᠷᠯᠢᠭᠤᠳ ᠤ᠋ᠨ ᠮᠥᠩᠭᠥᠨ ᠰᠠᠷᠠᠨ ᠬᠣᠢᠲᠤ ᠬᠠᠭᠠᠯᠭᠠᠨ ᠤ᠋ ᠲᠠᠢᠽᠦ ᠶ᠋ᠢᠨ ᠴᠡᠷᠢᠭ ᠲᠦ᠍ᠷ ᠳᠠᠷᠤᠭᠳᠠᠵᠤ᠂ ᠵᠡᠭᠦᠨ ᠬᠠᠭᠠᠯᠭᠠᠨ ᠳ᠋ᠤᠷ ᠴᠡᠷᠢᠭ ᠢ᠋ᠶ᠋ᠡᠨ ᠳᠠᠭᠠᠭᠤᠯᠤᠨ ᠢᠷᠡᠬᠦᠶ᠎ᠡ᠂ ᠴᠢᠪᠬᠢᠲᠡᠯ᠎ᠡ ᠬᠣᠢᠯᠠᠳᠠᠷ ᠬᠣᠰᠢᠭᠤᠴᠢ ᠳ᠋ᠤᠷ ᠤᠴᠠᠷᠠᠵᠤ᠂ ᠬᠤᠢᠯᠠᠳᠠᠷ ᠬᠣᠰᠢᠭᠤᠴᠢ ᠲᠡᠨᠴᠢᠭᠦᠷᠡᠨ ᠠᠭᠤᠷ ᠢ᠋ᠶ᠋ᠠᠨ ᠭᠠᠷᠭᠠᠵᠤ᠂ ᠳᠠᠷᠤᠢ ᠮᠣᠷᠢᠨ ᠤ᠋ ᠬᠠᠪᠢᠷᠭᠠᠨ ᠳ᠋ᠤᠷ ᠢ᠋ᠶ᠋ᠠᠨ ᠬᠡᠪᠲᠡᠵᠦ ᠨᠠᠭᠠᠯᠳᠤᠭᠠᠳ ᠳᠣᠪᠲᠣᠯᠤᠨ ᠣᠷᠣᠵᠤ ᠢᠷᠡᠬᠦᠢ ᠳ᠋ᠦ᠍ᠷ ᠮᠥᠩᠭᠥᠨ ᠰᠠᠷᠠᠨ ᠶᠠᠭᠠᠷᠠᠨ ᠵᠢᠳᠠ ᠬᠤᠷᠢᠶᠠᠵᠤ ᠵᠠᠢᠯᠠᠲᠠᠯ᠎ᠠ ᠬᠣᠢᠯᠠᠳᠠᠷ ᠠᠭᠤᠷ ᠬᠦᠷᠴᠦ ᠢᠷᠡᠭᠡᠳ ᠭᠡᠨᠡᠳᠲᠡ ᠪᠣᠰᠴᠤ ᠪᠢᠴᠢᠬᠠᠨ ᠤᠷᠠᠬ᠎ᠠ ᠭᠠᠷᠭᠠᠵᠤ ᠮᠥᠩᠭᠥᠨ ᠰᠠᠷᠠᠨ ᠤ᠋ ᠬᠦᠵᠦᠭᠦᠨ ᠢ᠋ ᠤᠷᠠᠭᠳᠠᠵᠤ ᠨᠢᠭᠡᠨᠲᠡ ᠲᠠᠲᠠᠵᠤ ᠮᠣᠷᠢᠨ ᠠ᠋ᠴᠠ ᠤᠨᠠᠭᠠᠭᠰᠠᠨ᠎ᠠ᠂ ᠠᠮᠢᠳᠤ ᠪᠠᠷᠢᠵᠤ ᠲᠡᠭᠦᠨ ᠢ᠋ᠶ᠋ᠡᠷ ᠬᠠᠯᠠᠬᠠᠪᠴᠢ ᠬᠢᠵᠦ᠂ ᠬᠦᠨᠳᠦ ᠬᠠᠭᠠᠭᠰᠠᠨ ᠭᠠᠵᠠᠷ ᠢ᠋ ᠨᠡᠪᠲᠡᠯᠦᠨ ᠭᠠᠷᠴᠤ ᠢᠷᠡᠪᠡ᠃ ᠲᠡᠳᠦᠢ ᠮᠥᠨ ᠬᠦ᠌ ᠬᠣᠢᠲᠤ ᠵᠦᠭ ᠲᠠᠢᠽᠦ ᠶ᠋ᠢ ᠨᠡᠬᠡᠮᠵᠢᠯᠡᠨ ᠢᠷᠡᠵᠦ᠂ ᠬᠠᠮᠲᠤ ᠭᠠᠯ ᠠᠭᠤᠯᠠᠨ ᠤ᠋ ᠬᠣᠢᠲᠤ ᠡᠲᠡᠭᠡᠳ ᠬᠦᠷᠲᠡᠯ᠎ᠡ ᠠᠷᠰᠯᠠᠨ ᠬᠠᠭᠠᠨ ᠬᠡᠳᠦᠬᠡᠨ ᠮᠢᠩᠭᠠᠨ ᠴᠡᠷᠢᠭ ᠢ᠋ᠶ᠋ᠡᠷ ᠮᠤᠬᠤᠯᠢ ᠨᠠᠷ ᠤ᠋ᠨ ᠨᠢᠭᠡᠨ ᠠᠩᠭᠢ ᠬᠠᠭᠤᠷᠮᠠᠭ ᠲᠠᠢᠽᠦ ᠶ᠋ᠢ ᠨᠡᠬᠡᠵᠦ ᠢᠷᠡᠲᠡᠯ᠎ᠡ ᠬᠠᠭᠤᠷᠮᠠᠭ ᠲᠠᠢᠽᠦ ᠨᠢᠭᠡᠨ ᠠᠩᠭᠢ ᠴᠡᠷᠢᠭ ᠢ᠋ ᠠᠪᠴᠤ ᠭᠠᠯ ᠠᠭᠤᠯᠠᠨ ᠤ᠋ ᠨᠡᠷᠡᠲᠦ ᠳᠣᠪᠣ ᠳ᠋ᠤᠷ ᠭᠠᠷᠲᠠᠯ᠎ᠠ ᠠᠷᠰᠯᠠᠨ ᠬᠠᠭᠠᠨ ᠲᠠᠯᠪᠢᠯ ᠦᠭᠡᠢ ᠨᠡᠬᠡᠨ ᠬᠦᠷᠴᠦ ᠢᠷᠡᠭᠡᠳ ᠠᠭᠤᠯᠠᠨ ᠥᠭᠡᠳᠡ ᠭᠠᠷᠲᠠᠯ᠎ᠠ ᠠᠭᠤᠯᠠᠨ ᠤ᠋ ᠳᠤᠮᠳᠠ ᠬᠠᠭᠠᠰ ᠬᠦᠷᠬᠦ ᠶ᠋ᠢᠨ ᠦᠶ᠎ᠡ ᠳ᠋ᠦ᠍ᠷ ᠬᠣᠢᠲᠤ ᠬᠠᠪᠠᠷ ᠤ᠋ᠨ ᠳᠡᠭᠡᠷ᠎ᠡ ᠭᠡᠨᠡᠳᠲᠡ ᠫᠤᠤ ᠳᠠᠭᠤᠷᠢᠰᠴᠤ ᠮᠤᠬᠤᠯᠢ᠂ ᠰᠢᠷᠢ ᠬᠤᠲᠤᠭ᠂ ᠴᠢᠮᠪᠢ ᠳᠠᠷᠬᠠᠨ᠂ ᠰᠡᠴᠡᠨ ᠪᠡᠬᠢ᠂  ᠶᠠᠪᠤᠭ᠎ᠠ ᠲᠠᠨ ᠬᠥᠨᠳᠡᠯᠢᠳᠪᠡ᠂ ᠡᠭᠡᠵᠦ ᠦᠵᠡᠪᠡᠰᠦ ᠲᠠᠢᠽᠦ ᠶ᠋ᠢᠨ ᠣᠯᠠᠨ ᠴᠡᠷᠢᠭ ᠪᠠᠰᠠ ᠡᠭᠡᠬᠦ ᠵᠠᠮ ᠢ᠋ ᠬᠠᠭᠠᠪᠠ᠃ ᠳᠣᠪᠣ ᠶ᠋ᠢᠨ ᠣᠷᠣᠢ ᠳ᠋ᠤᠷ ᠲᠠᠢᠽᠦ ᠵᠣᠭᠰᠣᠵᠤ᠂ ᠨᠠᠷᠢᠨ ᠵᠢᠭᠰᠠᠭᠠᠯ ᠵᠢᠭᠰᠠᠭᠠᠵᠤ ᠠᠭᠤᠯᠠᠨ ᠬᠥᠲᠥᠯ ᠦ᠋ᠨ ᠪᠠᠢᠯᠳᠤᠭᠠᠨ ᠢ᠋ ᠦᠵᠡᠬᠦᠶ᠎ᠡ᠂ ᠠᠷᠰᠯᠠᠨ ᠬᠠᠭᠠᠨ ᠶᠡᠬᠡᠯ᠎ᠡ ᠴᠢᠬᠤᠯᠳᠠᠨ ᠠᠭᠤᠷᠯᠠᠵᠤ᠂ ᠠᠭᠤᠯᠠᠨ ᠬᠥᠩᠭᠢᠷᠡᠰᠲᠡᠯ᠎ᠡ ᠬᠠᠰᠬᠢᠷᠤᠨ ᠪᠠᠷᠬᠢᠷᠠᠵᠤ ᠳᠠᠷᠤᠢ ᠮᠣᠷᠢ ᠪᠠᠨ ᠨᠢᠭᠡᠨᠲᠡ ᠲᠠᠰᠢᠭᠤᠷᠳᠠᠨ᠂ ᠠᠭᠤᠯᠠᠨ ᠥᠭᠡᠳᠡ ᠦᠬᠦᠨ ᠪᠠᠢᠯᠳᠤᠵᠤ ᠠᠯᠠᠨ ᠢᠷᠡᠬᠦᠶ᠎ᠡ᠂ ᠶᠠᠪᠤᠭ᠎ᠠ ᠲᠡᠭᠦᠨ ᠦ᠌ ᠰᠡᠷᠡᠭᠡ ᠶ᠋ᠢᠨ ᠡᠰᠢ ᠳ᠋ᠦ᠍ᠷ ᠳᠠᠭᠠᠷᠢᠭᠳᠠᠵᠤ ᠶᠡᠬᠡ ᠠᠭᠤᠯᠠᠨ ᠤ᠋ ᠭᠣᠣ ᠳ᠋ᠤᠷ ᠬᠥᠮᠦᠨ ᠮᠣᠷᠢ ᠲᠠᠢ ᠥᠩᠬᠥᠷᠢᠨ ᠣᠷᠣᠪᠠ᠃ ᠴᠢᠮᠪᠢ ᠳᠠᠷᠬᠠᠨ ᠶᠠᠭᠠᠷᠠᠨ ᠠᠭᠤᠯᠠᠨ ᠥᠭᠡᠳᠡ ᠪᠤᠷᠤᠭᠤᠯᠠᠶ᠎ᠠ ᠬᠡᠮᠡᠲᠡᠯ᠎ᠡ ᠠᠷᠰᠯᠠᠨ ᠬᠠᠭᠠᠨ ᠨᠡᠩᠳᠡ ᠣᠮᠣᠭᠰᠢᠨ ᠰᠡᠷᠡᠭᠡᠳᠡᠷ᠎ᠡ ᠢᠷᠡᠬᠦᠢ ᠳ᠋ᠦ᠍ᠷ ᠴᠢᠮᠪᠢ ᠳᠠᠷᠬᠠᠨ ᠤ᠋ ᠪᠠᠷᠠᠭᠤᠨ ᠭᠤᠶ᠎ᠠ ᠣᠨᠣᠭᠳᠠᠵᠤ ᠮᠣᠷᠢᠨ ᠠ᠋ᠴᠠ ᠤᠨᠠᠲᠠᠯ᠎ᠠ ᠬᠠᠷᠯᠢᠭᠤᠳ ᠤ᠋ᠨ ᠴᠡᠷᠢᠭ ᠪᠠᠷᠢᠵᠤ ᠬᠦᠯᠢᠪᠡ᠃ ᠲᠡᠳᠦᠢ ᠰᠢᠷᠢ ᠬᠤᠲᠤᠭ᠂ ᠰᠡᠴᠡᠨ ᠪᠡᠬᠢ ᠬᠣᠶᠠᠭᠤᠯᠠ ᠲᠣᠰᠴᠤ ᠪᠠᠢᠯᠳᠤᠭᠠᠳ ᠪᠠᠰᠠ ᠲᠠᠢᠯᠤᠨ ᠴᠢᠳᠠᠬᠤ ᠦᠭᠡᠢ᠂ ᠠᠷᠰᠯᠠᠨ ᠬᠠᠭᠠᠨ ᠤ᠋ ᠰᠡᠷᠡᠭᠡ ᠦᠨᠡᠬᠡᠷ ᠶᠡᠬᠡ ᠠᠪᠤᠷᠭᠤ ᠮᠣᠭᠠᠢ ᠶ᠋ᠢᠨ ᠬᠡᠯᠡ ᠮᠡᠲᠦ ᠲᠦᠷᠭᠡᠨ ᠭᠢᠯᠪᠠᠯᠵᠠᠬᠤᠢ ᠳ᠋ᠤᠷ ᠰᠡᠴᠡᠨ ᠪᠡᠬᠢ ᠰᠢᠷᠢ ᠬᠤᠲᠤᠭ ᠬᠣᠶᠠᠷ ᠳᠠᠰᠢ ᠰᠠᠯᠵᠤ ᠠᠭᠤᠯᠠᠨ ᠢ᠋ ᠬᠠᠪᠢᠷᠭᠠᠯᠠᠨ ᠪᠤᠷᠤᠭᠤᠯᠠᠬᠤᠶ᠎ᠠ᠂ ᠮᠤᠬᠤᠯᠢ ᠲᠠᠢᠽᠦ ᠡᠮᠦᠨ᠎ᠡ ᠬᠥᠲᠥᠯ ᠦ᠋ᠨ ᠳᠡᠭᠡᠷ᠎ᠡ ᠡᠴᠡ ᠦᠵᠡᠬᠦᠢ ᠳ᠋ᠦ᠍ᠷ ᠠᠷᠰᠯᠠᠨ ᠬᠠᠭᠠᠨ ᠤ᠋ ᠲᠡᠷᠡ ᠮᠣᠷᠢ ᠴᠤ᠌ ᠮᠥᠨ ᠬᠠᠳᠠᠨ ᠳ᠋ᠤᠷ ᠮᠠᠰᠢ ᠳᠠᠳᠤᠭᠰᠠᠨ ᠲᠤᠯᠠ ᠠᠭᠤᠯᠠᠨ ᠤ᠋ ᠥᠭᠡᠳᠡ ᠮᠠᠴᠤᠬᠤ ᠠᠨᠤ ᠦᠨᠡᠬᠡᠷ ᠲᠦᠷᠭᠡᠨ᠂ ᠳᠠᠭᠠᠭᠰᠠᠨ ᠴᠡᠷᠢᠭ ᠪᠠᠰᠠ ᠬᠦᠴᠦᠲᠡᠢ ᠲᠤᠯᠠ ᠮᠠᠰᠢ ᠬᠡᠴᠡᠭᠦᠦ ᠳ᠋ᠦ᠍ᠷ ᠮᠤᠬᠤᠯᠢ ᠪᠠᠢᠯᠳᠤᠬᠤ ᠠᠷᠭ᠎ᠠ ᠶ᠋ᠢ ᠪᠣᠳᠣᠵᠤ ᠪᠥᠬᠥᠶ᠎ᠡ᠂ ᠡᠨᠡ ᠬᠢᠷᠢ ᠳ᠋ᠦ᠍ᠷ ᠨᠠᠷᠠᠨ ᠭᠠᠷᠤᠭᠰᠠᠨ ᠲᠤᠯᠠ ᠵᠡᠭᠦᠨ ᠡᠲᠡᠭᠡᠳ ᠡᠴᠡ ᠴᠠᠰᠤ ᠪᠤᠲᠠᠷᠠᠨ ᠬᠡᠢᠰᠴᠦ ᠨᠠᠷᠠᠨ ᠢ᠋ ᠬᠠᠯᠠᠬᠠᠯᠠᠨ ᠶᠡᠬᠡ ᠴᠡᠷᠢᠭ ᠬᠦᠷᠴᠦ ᠢᠷᠡᠪᠡ᠃ ᠠᠷᠰᠯᠠᠨ ᠬᠠᠭᠠᠨ ᠡᠨᠡ ᠯᠠᠪ ᠮᠢᠨᠦ ᠴᠡᠷᠢᠭ ᠭᠡᠮᠡᠨ ᠪᠠᠶᠠᠷᠯᠠᠨ ᠨᠡᠩᠳᠡ ᠣᠮᠣᠭ ᠨᠡᠮᠡᠵᠦ ᠡᠷᠬᠡᠪᠰᠢ ᠲᠠᠢᠽᠦ ᠶ᠋ᠢ ᠪᠠᠷᠢᠰᠤᠭᠠᠢ ᠭᠡᠮᠡᠨ ᠥᠭᠡᠳᠡ ᠮᠠᠴᠤᠨ ᠶᠠᠪᠤᠬᠤᠶ᠎ᠠ᠂ ᠳᠡᠭᠡᠷ᠎ᠡ ᠨᠢᠭᠡᠨᠲᠡ ᠶᠡᠬᠡ ᠫᠤᠤ ᠳᠠᠭᠤᠷᠢᠰᠴᠤ ᠤᠯᠠᠭᠠᠨ ᠬᠢᠭᠢᠷᠢ ᠲᠤᠭ ᠨᠡᠭᠡᠭᠡᠵᠦ ᠲᠠᠢᠽᠦ ᠭᠠᠷ ᠲᠤᠷ ᠡᠷᠳᠡᠨᠢ ᠶ᠋ᠢᠨ ᠵᠢᠳᠠ ᠪᠠᠷᠢᠵᠤ ᠠᠷᠰᠯᠠᠨ ᠬᠠᠭᠠᠨ ᠢ᠋ ᠵᠢᠭᠠᠵᠤ᠂ ᠬᠠᠷᠢᠶᠠᠨ ᠪᠠᠭᠤᠵᠤ ᠢᠷᠡᠬᠦᠢ ᠳ᠋ᠦ᠍ᠷ ᠠᠷᠰᠯᠠᠨ ᠬᠠᠭᠠᠨ ᠥᠭᠦᠯᠡᠷᠦᠨ᠄《ᠦᠨᠡᠬᠡᠷ ᠮᠢᠨᠦ ᠭᠠᠪᠢᠶ᠎ᠠ ᠪᠦᠲᠦᠭᠡᠬᠦ ᠴᠠᠭ!》 ᠭᠡᠮᠡᠨ ᠶᠡᠬᠡᠯ᠎ᠡ ᠪᠠᠶᠠᠷᠯᠠᠨ ᠢᠷᠡᠬᠦᠶ᠎ᠡ᠂ ᠰᠢᠷᠢ ᠬᠤᠲᠤᠭ᠂ ᠭᠣᠣ ᠳ᠋ᠤᠷ ᠤᠨᠠᠭᠰᠠᠨ ᠶᠠᠪᠤᠭ᠎ᠠ ᠨᠠᠷ ᠡᠭᠡᠵᠦ ᠬᠤᠮᠪᠢᠨ ᠢᠷᠡᠬᠦᠢ ᠳ᠋ᠦ᠍ᠷ ᠵᠡᠭᠦᠨ ᠳᠡᠭᠡᠷ᠎ᠡ ᠡᠴᠡ ᠮᠤᠬᠤᠯᠢ ᠭᠡᠨᠡᠳᠲᠡ ᠬᠠᠳᠠᠨ ᠤᠷᠤᠭᠤ ᠥᠩᠬᠥᠷᠢᠬᠦ ᠮᠡᠲᠦ ᠳᠣᠪᠲᠣᠯᠤᠨ ᠪᠠᠭᠤᠵᠤ ᠢᠷᠡᠭᠡᠳ ᠮᠣᠷᠢ ᠶ᠋ᠢ ᠨᠢᠭᠡᠨᠲᠡ ᠵᠣᠭᠰᠣᠭᠠᠵᠤ ᠴᠢᠳᠠᠬᠤ ᠦᠭᠡᠢ ᠪᠣᠯᠤᠭᠰᠠᠨ ᠳ᠋ᠤᠷ ᠠᠷᠰᠯᠠᠨ ᠬᠠᠭᠠᠨ ᠵᠠᠢᠯᠠᠨ ᠵᠠᠪᠳᠤᠬᠤ ᠦᠭᠡᠢ  ᠰᠠᠢ ᠲᠠᠯᠲᠠᠷᠢᠲᠠᠯ᠎ᠠ ᠮᠤᠬᠤᠯᠢ ᠶ᠋ᠢᠨ ᠲᠡᠮᠦᠷ ᠰᠢᠳᠡᠮ ᠠᠷᠰᠯᠠᠨ ᠬᠠᠭᠠᠨ ᠤ᠋ ᠮᠠᠩᠨᠠᠢ ᠤᠷᠤᠭᠤ ᠨᠢᠭᠡᠨᠲᠡ ᠲᠣᠰᠴᠤ ᠲᠠᠷᠢᠬᠢ ᠭᠠᠷᠴᠤ ᠬᠥᠮᠦᠨ ᠮᠣᠷᠢ ᠲᠠᠢ ᠬᠠᠮᠲᠤ ᠳᠣᠷᠣᠭᠰᠢ ᠠᠷᠪᠠᠨ ᠵᠠᠩ ᠭᠠᠵᠠᠷ ᠥᠩᠬᠥᠷᠢᠭᠰᠡᠨ ᠳ᠋ᠦ᠍ᠷ ᠮᠤᠬᠤᠯᠢ ᠦᠵᠡᠪᠡᠰᠦ ᠲᠡᠭᠦᠨ ᠦ᠌ ᠮᠣᠷᠢ ᠮᠥᠨ ᠵᠣᠭᠰᠣᠨ ᠴᠢᠳᠠᠬᠤ ᠦᠭᠡᠢ ᠶ᠋ᠢ ᠮᠡᠳᠡᠭᠡᠳ ᠶᠠᠭᠠᠷᠠᠨ ᠬᠣᠶᠠᠷ ᠭᠠᠷ ᠢ᠋ᠶ᠋ᠠᠷ ᠡᠮᠡᠭᠡᠯ ᠦ᠋ᠨ ᠪᠦᠭᠦᠷᠭᠡ ᠶ᠋ᠢ ᠳᠠᠷᠤᠵᠤ᠂ ᠬᠣᠶᠠᠷ ᠬᠥᠯ ᠢ᠋ᠶ᠋ᠡᠨ ᠳᠥᠷᠥᠭᠡ ᠡᠴᠡ ᠰᠤᠭᠤᠯᠤᠨ ᠬᠣᠢᠰᠢ ᠤᠬᠤᠷᠢᠨ ᠨᠢᠭᠡᠨᠲᠡ ᠳᠡᠪᠬᠡᠯᠦᠨ ᠪᠠᠭᠤᠵᠤ ᠢᠷᠡᠭᠰᠡᠨ ᠳ᠋ᠦ᠍ᠷ ᠮᠣᠷᠢ  ᠣᠷᠣᠭᠰᠢ ᠳᠣᠪᠲᠣᠯᠤᠭᠰᠠᠭᠠᠷ ᠨᠢᠭᠡᠨ ᠶᠡᠬᠡ ᠭᠣᠣ ᠶ᠋ᠢ ᠬᠠᠷᠠᠢᠵᠤ ᠭᠠᠷᠤᠭᠠᠳ ᠰᠠᠢ ᠵᠣᠭᠰᠣᠪᠠ᠃ ᠮᠤᠬᠤᠯᠢ ᠶᠠᠭᠠᠷᠠᠨ ᠢᠯᠳᠦ ᠭᠠᠷᠭᠠᠨ ᠠᠷᠰᠯᠠᠨ ᠤ᠋ ᠰᠢᠳᠠᠷ ᠠᠷᠠᠳ ᠢ᠋ ᠨᠢᠭᠡᠨ ᠵᠡᠷᠭᠡ ᠴᠠᠪᠴᠢᠨ ᠤᠨᠠᠭᠠᠨ ᠮᠣᠷᠢ ᠪᠠᠨ ᠤᠨᠤᠵᠤ᠂ ᠲᠠᠪᠤᠨ ᠮᠢᠩᠭᠠᠨ ᠴᠡᠷᠢᠭ ᠢ᠋ᠶ᠋ᠡᠷ ᠬᠠᠷᠯᠢᠭᠤᠳ ᠤ᠋ᠨ ᠴᠡᠷᠢᠭ ᠢ᠋ ᠳᠠᠷᠤᠨ ᠣᠷᠣᠬᠤᠢ ᠳ᠋ᠤᠷ ᠬᠠᠷᠯᠢᠭᠤᠳ ᠤ᠋ᠨ ᠰᠢᠳᠠᠷ ᠪᠠᠢᠭᠰᠠᠨ ᠱᠠᠯᠠᠮᠠᠭᠠᠢ ᠴᠡᠷᠢᠭ ᠡᠵᠡᠨ ᠢᠨᠤ ᠨᠢᠭᠡᠨᠲᠡ ᠦᠬᠦᠭᠰᠡᠨ ᠢ᠋ ᠦᠵᠡᠭᠡᠳ ᠶᠠᠭᠠᠷᠠᠨ ᠳᠤᠭᠤᠯᠠᠭ᠎ᠠ ᠪᠠᠨ ᠠᠪᠴᠤ ᠵᠡᠪᠰᠡᠭ ᠢ᠋ᠶ᠋ᠡᠨ ᠣᠷᠬᠢᠵᠤ ᠳᠠᠭᠠᠪᠠ᠃ ᠲᠡᠳᠦᠢ ᠮᠤᠬᠤᠯᠢ ᠠᠷᠰᠯᠠᠨ ᠬᠠᠭᠠᠨ ᠤ᠋ ᠲᠣᠯᠣᠭᠠᠢ ᠶ᠋ᠢ ᠠᠪᠴᠤ ᠲᠤᠭ ᠤ᠋ᠨ ᠣᠷᠣᠢ ᠳ᠋ᠤᠷ ᠬᠠᠳᠬᠤᠭᠠᠳ ᠬᠠᠭᠤᠷᠮᠠᠭ ᠲᠠᠢᠽᠦ ᠶ᠋ᠢ ᠠᠪᠴᠤ ᠪᠠᠭᠤᠵᠤ ᠢᠷᠡᠬᠦᠶ᠎ᠡ ᠴᠢᠮᠪᠢ ᠳᠠᠷᠬᠠᠨ ᠤ᠋ ᠬᠦᠯᠢᠶᠡᠰᠦᠨ ᠢ᠋ ᠠᠯᠳᠠᠷᠠᠭᠠᠵᠤ᠂ ᠠᠭᠤᠯᠠᠨ ᠤ᠋ ᠳᠣᠲᠣᠷ᠎ᠠ ᠰᠢᠷᠢ ᠬᠤᠲᠤᠭ᠂ ᠰᠡᠴᠡᠨ ᠪᠡᠬᠢ᠂ ᠶᠠᠪᠤᠭ᠎ᠠ ᠭᠤᠷᠪᠠᠭᠤᠯᠠ ᠪᠠᠷ ᠣᠯᠠᠨ ᠴᠡᠷᠢᠭ ᠢ᠋ ᠲᠡᠭᠰᠢᠯᠡᠭᠦᠯᠦᠨ᠂ ᠡᠨᠡ ᠢᠷᠡᠬᠦ ᠴᠡᠷᠢᠭ ᠢ᠋ ᠦᠵᠡᠪᠡᠰᠦ ᠬᠠᠷᠢᠨ ᠠᠷᠪᠠᠨ ᠠᠩᠭᠢ ᠶ᠋ᠢᠨ ᠶᠡᠬᠡ ᠴᠡᠷᠢᠭ ᠠᠵᠤᠭᠤ᠃ ᠲᠠᠢᠽᠦ ᠮᠤᠬᠤᠯᠢ ᠨᠠᠷ ᠶᠡᠬᠡᠯ᠎ᠡ ᠪᠠᠶᠠᠷᠯᠠᠨ ᠳᠠᠷᠤᠢ ᠬᠠᠭᠤᠷᠮᠠᠭ ᠲᠠᠢᠽᠦ ᠶ᠋ᠢ ᠴᠡᠷᠢᠭ ᠦ᠋ᠨ ᠲᠡᠷᠢᠭᠦᠨ ᠳ᠋ᠦ᠍ᠷ ᠪᠣᠯᠭᠠᠨ᠂ ᠮᠥᠩᠭᠥᠨ ᠰᠠᠷᠠᠨ ᠢ᠋ ᠡᠮᠦᠨ᠎ᠡ ᠬᠦᠯᠢᠭᠦᠯᠵᠦ᠂ ᠰᠢᠷ᠎ᠠ ᠭᠣᠣᠯ ᠤ᠋ᠨ ᠲᠣᠯᠣᠭᠠᠢ ᠶ᠋ᠢ ᠪᠠᠰᠠ ᠥᠨᠳᠥᠷ ᠰᠢᠷᠤᠭ ᠲᠤᠷ ᠡᠯᠭᠦᠵᠦ ᠴᠡᠷᠢᠭ ᠡᠭᠡᠵᠦ ᠢᠷᠡᠬᠦᠢ ᠳ᠋ᠦ᠍ᠷ ᠵᠠᠮ ᠳ᠋ᠤᠷ ᠬᠠᠷᠯᠢᠭᠤᠳ ᠤ᠋ᠨ ᠴᠡᠷᠢᠭ ᠡᠵᠡᠨ ᠢ᠋ᠶ᠋ᠡᠨ ᠡᠷᠢᠨ ᠢᠷᠡᠬᠦᠢ ᠳ᠋ᠦ᠍ᠷ ᠲᠡᠭᠦᠨ ᠦ᠌ ᠡᠵᠡᠨ ᠦ᠌ ᠲᠣᠯᠣᠭᠠᠢ ᠪᠦᠬᠦᠢ ᠶ᠋ᠢ ᠦᠵᠡᠭᠡᠳ ᠴᠥᠮ ᠠᠶᠤᠵᠤ ᠰᠦᠷᠦᠭ ᠰᠦᠷᠦᠭ ᠢ᠋ᠶ᠋ᠡᠷ ᠬᠠᠭᠤᠴᠢᠨ ᠬᠦᠷᠢᠶ᠎ᠡ ᠳ᠋ᠦ᠍ᠷ ᠬᠦᠷᠴᠦ ᠢᠷᠡᠭᠡᠳ ᠦᠵᠡᠪᠡᠰᠦ᠂ ᠬᠦᠷᠢᠶ᠎ᠡ ᠶ᠋ᠢ ᠮᠥᠨ ᠬᠠᠷᠯᠢᠭᠤᠳ ᠤ᠋ᠨ ᠶᠡᠬᠡ ᠴᠡᠷᠢᠭ ᠡᠵᠡᠯᠡᠵᠦ᠂ ᠬᠠᠰ ᠮᠥᠷᠡᠨ᠂ ᠵᠠᠭ ᠮᠣᠳᠣ ᠬᠣᠶᠠᠭᠤᠯᠠ ᠡᠵᠡᠨ ᠦᠭᠡᠢ ᠣᠯᠠᠨ ᠴᠡᠷᠢᠭ ᠦ᠋ᠳ ᠢ᠋ ᠪᠠᠢᠴᠠᠭᠠᠨ ᠬᠤᠷᠢᠶᠠᠬᠤᠶ᠎ᠠ ᠭᠡᠨᠡᠳᠲᠡ ᠴᠡᠷᠢᠭ ᠦ᠋ᠨ ᠠᠷᠠᠳ ᠢᠷᠡᠵᠦ ᠮᠡᠳᠡᠭᠦᠯᠦᠷᠦᠨ᠄ 《ᠮᠠᠨ ᠤ᠋ ᠬᠠᠭᠠᠨ ᠢ᠋ ᠬᠠᠷ᠎ᠠ ᠬᠢᠭᠦᠯ ᠦ᠋ᠨ ᠭᠠᠯ ᠠᠭᠤᠯᠠᠨ ᠤ᠋ ᠳᠡᠭᠡᠷ᠎ᠡ ᠪᠧᠲ᠋ᠠ᠋ ᠶ᠋ᠢᠨ ᠵᠢᠨᠦᠩ ᠮᠤᠬᠤᠯᠢ ᠨᠢᠭᠡᠨ ᠰᠢᠲᠠᠮ ᠳ᠋ᠤᠷ ᠵᠠᠨᠴᠢᠨ ᠠᠯᠠᠵᠤ᠂ ᠲᠣᠯᠣᠭᠠᠢ ᠶ᠋ᠢ ᠰᠢᠷᠤᠭ ᠲᠤᠷ ᠰᠢᠷ᠎ᠠ ᠭᠣᠣᠯ ᠤ᠋ᠨ ᠲᠣᠯᠣᠭᠠᠢ ᠯᠤᠭ᠎ᠠ ᠬᠠᠮᠲᠤ ᠡᠯᠭᠦᠵᠦᠬᠦᠢ᠂ ᠪᠠᠰᠠ ᠮᠠᠨ ᠤ᠋ ᠪᠤᠲᠠᠷᠬᠠᠰᠠ ᠴᠡᠷᠢᠭ ᠢ᠋ ᠪᠠᠭ᠎ᠠ ᠬᠠᠭᠠᠰ ᠢ᠋ ᠳᠠᠭᠠᠭᠤᠯᠵᠤ ᠠᠢᠰᠤᠢ᠃ ᠲᠡᠳᠡᠨ ᠦ᠌ ᠤᠯᠤᠰ ᠠ᠋ᠴᠠ ᠪᠠᠰᠠ ᠭᠤᠴᠢᠨ ᠶᠡᠬᠡ ᠵᠠᠩᠵᠤᠨ᠂ ᠠᠷᠪᠠᠨ ᠤᠯᠤᠰ ᠤ᠋ᠨ ᠳᠥᠴᠢᠨ ᠲᠦᠮᠡᠨ ᠴᠡᠷᠢᠭ ᠭᠡᠮᠡᠨ ᠠᠯᠳᠠᠷᠰᠢᠭᠤᠯᠤᠨ ᠬᠦᠷᠴᠦ ᠢᠷᠡᠭᠡᠳ ᠨᠡᠢᠯᠡᠵᠦ᠂ ᠪᠧᠲ᠋ᠠ᠋ ᠤᠯᠤᠰ ᠤ᠋ᠨ ᠡᠵᠡᠨ ᠥᠪᠡᠷ ᠦ᠋ᠨ ᠪᠡᠶ᠎ᠡ ᠪᠡᠷ ᠲᠡᠷᠢᠭᠦᠯᠡᠨ ᠨᠡᠬᠡᠨ ᠠᠯᠠᠵᠤ ᠢᠷᠡᠪᠡ!》 ᠬᠡᠮᠡᠬᠦᠢ ᠳ᠋ᠦ᠍ᠷ ᠬᠠᠰ ᠮᠥᠷᠡᠨ ᠶᠡᠬᠡᠯ᠎ᠡ ᠭᠡᠯᠮᠡᠵᠦ᠂ ᠨᠢᠭᠡᠨ ᠵᠡᠷᠭᠡ ᠪᠠᠷᠬᠢᠷᠠᠨ ᠤᠬᠢᠯᠠᠵᠤ ᠰᠢᠲᠦ ᠪᠡᠨ ᠵᠠᠭᠤᠨ ᠵᠠᠭ ᠮᠣᠳᠣ ᠣᠯᠠᠨ ᠯᠤᠭ᠎ᠠ ᠴᠡᠷᠢᠭ ᠢ᠋ᠶ᠋ᠡᠨ ᠲᠡᠭᠰᠢᠯᠡᠨ᠂ ᠰᠢᠭᠤᠳ ᠡᠰᠡᠷᠭᠦ ᠢᠨᠤ ᠴᠣᠬᠢᠨ ᠢᠷᠡᠵᠦᠬᠦᠢ᠃ ᠡᠨᠡ ᠦᠶ᠎ᠡ ᠳ᠋ᠦ᠍  ᠪᠧᠲ᠋ᠠ᠋ ᠤᠯᠤᠰ ᠤ᠋ᠨ ᠴᠡᠷᠢᠭ ᠶᠡᠬᠡᠯ᠎ᠡ ᠲᠠᠢᠯᠵᠤ ᠬᠠᠷᠠᠬᠠᠨ ᠣᠮᠣᠭᠳᠠᠶ᠎ᠠ ᠶᠠᠪᠤᠬᠤᠢ ᠳ᠋ᠤᠷ ᠬᠠᠭᠤᠷᠮᠠᠭ ᠲᠠᠢᠽᠦ ᠡᠨᠡ ᠶᠡᠬᠡ ᠵᠢᠭᠰᠠᠭᠠᠯ ᠢ᠋ ᠦᠵᠡᠭᠡᠳ ᠥᠪᠡᠷ ᠦ᠋ᠨ ᠤᠯᠤᠰ ᠤ᠋ᠨ ᠡᠵᠡᠨ ᠪᠠᠢᠭᠰᠠᠨ ᠢ᠋ᠶ᠋ᠠᠨ ᠪᠣᠳᠣᠵᠤ᠂ ᠡᠳᠦᠭᠡ ᠡᠨᠡ ᠪᠠᠢᠳᠠᠯ ᠳ᠋ᠤᠷ ᠰᠡᠳᠬᠢᠯ ᠬᠥᠳᠡᠯᠵᠦ ᠪᠥᠬᠥᠶ᠎ᠡ᠂ ᠡᠮᠦᠨ᠎ᠡ ᠴᠡᠷᠢᠭ ᠵᠣᠭᠰᠣᠬᠤ ᠤᠴᠢᠷ ᠢ᠋ ᠠᠰᠠᠭᠤᠪᠠᠰᠤ ᠬᠠᠷᠯᠢᠭᠤᠳ ᠤ᠋ᠨ ᠴᠡᠷᠢᠭ ᠦ᠋ᠨ ᠬᠣᠶᠠᠷ ᠵᠠᠩᠵᠤᠨ ᠪᠠᠢᠯᠳᠤᠨ ᠣᠷᠣᠵᠤ ᠢᠷᠡᠪᠡ᠃ ᠡᠭᠦᠨ ᠳ᠋ᠦ᠍ᠷ ᠬᠣᠰᠢᠭᠤᠴᠢ ᠵᠠᠩᠵᠤᠨ ᠨᠠᠷ ᠲᠣᠰᠴᠤ ᠠᠪᠤᠭᠠᠳ ᠲᠤᠯᠵᠤ ᠬᠦᠴᠦᠷᠭᠦ ᠦᠭᠡᠢ ᠳ᠋ᠦ᠍ᠷ ᠨᠠᠷᠠᠨ ᠬᠠᠭᠠᠨ ᠥᠪᠡᠷ ᠦ᠋ᠨ ᠬᠡᠴᠡᠭᠦᠦ ᠪᠡᠨ ᠣᠯᠠᠨ ᠳ᠋ᠤᠷ ᠦᠵᠡᠭᠦᠯᠰᠦᠭᠡᠢ ᠭᠡᠮᠡᠨ ᠴᠣᠬᠢᠨ ᠭᠠᠷᠴᠤ ᠬᠠᠰ ᠮᠥᠷᠡᠨ ᠯᠦ᠋ᠭᠡ ᠪᠠᠢᠯᠳᠤᠵᠤ ᠲᠠᠪᠤᠨ ᠤᠳᠠᠭ᠎ᠠ ᠪᠣᠯᠤᠭᠰᠠᠨ ᠦᠭᠡᠢ᠂ ᠵᠠᠭ ᠮᠣᠳᠣ ᠠᠷᠤ ᠶ᠋ᠢᠨ ᠬᠣᠢᠨ᠎ᠠ ᠠ᠋ᠴᠠ ᠨᠢᠭᠡᠨᠲᠡ ᠵᠢᠳᠠᠯᠠᠵᠤ ᠮᠥᠷᠥ ᠶ᠋ᠢ ᠰᠢᠷᠬᠠᠲᠤᠭᠤᠯᠤᠭᠰᠠᠨ ᠳ᠋ᠤᠷ ᠨᠠᠷᠠᠨ ᠬᠠᠭᠠᠨ ᠶᠡᠬᠡᠯ᠎ᠡ ᠠᠭᠤᠷᠯᠠᠵᠤ ᠡᠷᠳᠡᠨᠢ ᠶ᠋ᠢᠨ ᠵᠢᠳᠠ ᠪᠠᠷ ᠬᠠᠰ ᠮᠥᠷᠡᠨ ᠦ᠌ ᠨᠢᠭᠤᠷ ᠢ᠋ ᠨᠡᠪᠲᠡ ᠵᠢᠳᠠᠯᠠᠵᠤ ᠤᠨᠠᠭᠠᠭᠰᠠᠨ᠎ᠠ᠂ ᠵᠠᠭ ᠮᠣᠳᠣ ᠳᠠᠬᠢᠨ ᠨᠢᠭᠡᠨ ᠵᠢᠳᠠᠨ ᠳ᠋ᠤᠷ ᠨᠠᠷᠠᠨ ᠬᠠᠭᠠᠨ ᠤ᠋ ᠰᠢᠯᠢᠨ ᠬᠦᠵᠦᠭᠦᠦ ᠶ᠋ᠢ ᠮᠥᠨ ᠨᠡᠪᠲᠡ ᠵᠢᠳᠠᠯᠠᠨ ᠠᠯᠠᠪᠠ᠃ ᠳᠠᠷᠤᠢ ᠬᠣᠢᠲᠤ ᠵᠢᠭᠰᠠᠭᠠᠯ ᠠ᠋ᠴᠠ ᠠᠷᠪᠠᠨ ᠳᠥᠷᠪᠡᠨ ᠪᠠᠭ᠎ᠠ ᠵᠠᠩᠵᠤᠨ ᠨᠠᠷ ᠴᠣᠬᠢᠨ ᠣᠷᠣᠵᠤ ᠢᠷᠡᠭᠡᠳ ᠵᠠᠭ ᠮᠣᠳᠣ ᠶ᠋ᠢ ᠲᠥᠭᠥᠷᠢᠭᠯᠡᠨ ᠬᠠᠭᠠᠵᠤ ᠪᠠᠢᠯᠳᠤᠬᠤᠢ ᠳ᠋ᠤᠷ ᠵᠠᠭ ᠮᠣᠳᠣ ᠮᠠᠰᠢ ᠪᠠᠭᠠᠲᠤᠷ ᠲᠤᠷ ᠳᠠᠪ ᠳᠠᠪ ᠪᠠᠷᠢᠭᠳᠠᠬᠤ ᠦᠭᠡᠢ ᠳ᠋ᠦ᠍ᠷ ᠴᠡᠴᠡᠭ ᠶᠠᠭᠠᠷᠠᠨ ᠴᠡᠷᠢᠭ ᠦ᠋ᠨ ᠠᠷᠠᠳ ᠢ᠋ ᠵᠠᠬᠢᠵᠤ ᠵᠡᠯ᠎ᠡ ᠳᠡᠭᠡᠰᠦᠨ ᠦ᠌ ᠲᠣᠣᠷ ᠢ᠋ ᠲᠠᠯᠪᠢᠭᠤᠯᠤᠨ ᠮᠣᠷᠢ ᠶ᠋ᠢ ᠲᠣᠣᠷᠳᠠᠵᠤ ᠤᠨᠠᠭᠠᠨ ᠵᠠᠭ ᠮᠣᠳᠣ ᠶ᠋ᠢ ᠪᠣᠰᠬᠤ ᠶ᠋ᠢᠨ ᠤᠷᠢᠳᠠ ᠪᠢᠯᠠᠭᠤ ᠰᠢᠲᠠᠮ ᠢ᠋ᠶ᠋ᠠᠷ ᠵᠠᠨᠴᠢᠨ ᠮᠠᠭᠤᠵᠢᠷᠠᠭᠤᠯᠵᠤ ᠠᠮᠢᠳᠤ ᠪᠠᠷᠢᠵᠤ ᠬᠦᠯᠢᠪᠡ᠃ ᠳᠠᠷᠠᠭ᠎ᠠ ᠪᠠᠷ ᠬᠠᠷᠯᠢᠭᠤᠳ ᠤ᠋ᠨ ᠴᠡᠷᠢᠭ ᠨᠢᠭᠡᠨᠲᠡ ᠡᠵᠡᠨ ᠦᠭᠡᠢ ᠪᠣᠯᠵᠤ ᠬᠦᠷᠢᠶ᠎ᠡ ᠪᠡᠨ ᠣᠷᠬᠢᠵᠤ ᠪᠤᠷᠤᠭᠤᠯᠠᠭᠰᠠᠨ᠎ᠠ᠂ ᠮᠤᠬᠤᠯᠢ ᠰᠢᠨ᠎ᠡ ᠢᠷᠡᠭᠰᠡᠨ ᠠᠷᠪᠠᠨ ᠠᠩᠭᠢ ᠴᠡᠷᠢᠭ ᠲᠦ᠍ᠷ ᠵᠠᠷᠯᠠᠨ ᠬᠠᠷᠯᠢᠭᠤᠳ ᠤ᠋ᠨ ᠴᠡᠷᠢᠭ ᠢ᠋ ᠳᠥᠷᠪᠡᠨ ᠵᠦᠭ ᠨᠡᠬᠡᠭᠦᠯᠵᠦ ᠡᠯᠰᠡᠨ ᠳᠠᠭᠠᠭᠤᠯᠤᠨ᠂ ᠲᠠᠪᠤᠨ ᠡᠳᠦᠷ ᠪᠣᠯᠤᠭᠰᠠᠨ ᠦᠭᠡᠢ ᠲᠠᠪᠢᠭᠠᠳ ᠲᠦᠮᠡᠨ ᠴᠡᠷᠢᠭ ᠢ᠋ ᠡᠯᠰᠡᠨ ᠣᠯᠵᠤ᠂ ᠪᠠᠰᠠ ᠰᠢᠷᠬᠠᠳᠤᠭᠰᠠᠨ ᠢ᠋ ᠠᠨᠤ ᠰᠢᠷᠬ᠎ᠠ ᠶ᠋ᠢ ᠵᠠᠰᠠᠭᠤᠯᠤᠨ᠂ ᠰᠢᠨ᠎ᠡ ᠠᠷᠪᠠᠨ ᠠᠩᠭᠢ ᠴᠡᠷᠢᠭ ᠢ᠋ ᠤᠷᠢᠳᠠ ᠢᠯᠡᠭᠡᠵᠦ᠂ ᠬᠠᠷᠯᠢᠭᠤᠳ ᠤ᠋ᠨ ᠭᠠᠵᠠᠷ ᠣᠷᠣᠨ ᠬᠣᠲᠠ ᠪᠠᠯᠭᠠᠳ ᠢ᠋ ᠪᠠᠢᠯᠳᠤᠯ ᠦᠭᠡᠢ ᠪᠡᠷ ᠲᠣᠭᠲᠠᠭᠠᠵᠤ᠂ ᠲᠠᠢᠽᠦ ᠠᠯᠭᠤᠷ ᠬᠣᠢᠨ᠎ᠠ ᠠ᠋ᠴᠠ ᠡᠴᠢᠬᠦ ᠪᠡᠷ ᠲᠣᠭᠲᠠᠪᠠ᠃ ᠲᠠᠢᠽᠦ ᠨᠠᠷᠠᠨ ᠬᠠᠭᠠᠨ ᠤ᠋ ᠡᠨᠳᠡᠭᠰᠡᠨ ᠳ᠋ᠦ᠍ᠷ ᠶᠡᠬᠡᠯ᠎ᠡ ᠡᠨᠡᠷᠢᠨ᠂ ᠠᠷᠢᠬᠢ ᠰᠠᠴᠤᠨ ᠵᠠᠭ ᠮᠣᠳᠣ ᠶ᠋ᠢ ᠠᠯᠠᠵᠤ ᠳᠠᠬᠢᠭᠤᠯᠵᠤ᠂ ᠬᠣᠷᠣᠰᠤᠯᠳᠤ ᠰᠦᠨᠡᠰᠦᠨ ᠢ᠋ ᠲᠣᠬᠣᠷᠤᠭᠤᠯᠤᠨ᠂ ᠲᠡᠭᠦᠨ ᠦ᠌ ᠨᠢᠭᠡᠨ ᠬᠥᠪᠡᠭᠦᠨ ᠢ᠋ ᠤᠯᠤᠰ ᠲᠤᠷ ᠡᠭᠡᠭᠦᠯ ᠭᠡᠮᠡᠨ ᠵᠠᠬᠢᠪᠠ᠃ 

 ᠰᠤᠳᠤᠷᠴᠢ ᠲᠤᠰᠢᠮᠡᠯ ᠦ᠋ᠨ ᠰᠤᠯᠠ ᠰᠢᠯᠦᠭ ᠢᠨᠤ᠄ 
                ᠠᠭᠤᠳᠠᠮ ᠲᠠᠢᠽᠦ ᠶ᠋ᠢᠨ ᠥᠴᠢᠬᠦ ᠥᠭᠦᠯᠡᠬᠦ ᠦᠨᠡᠬᠡᠷ ᠮᠠᠰᠢ ᠰᠦᠰᠦᠭᠯᠡᠯᠲᠡᠢ 
                ᠠᠶᠤᠮᠰᠢᠭᠲᠤ ᠮᠤᠬᠤᠯᠢ ᠶ᠋ᠢᠨ ᠵᠢᠷᠦᠬᠡ ᠰᠥᠰᠥ ᠠᠶ᠎ᠠ ᠶᠠᠭᠤᠲᠠᠢ ᠲᠦᠭᠰᠢᠯᠲᠡᠢ᠂ 
                ᠠᠷᠰᠯᠠᠨ ᠬᠠᠭᠠᠨ ᠤ᠋ ᠠᠭᠠᠯᠢ ᠵᠠᠩ ᠡᠯᠢᠭᠡ ᠬᠥᠰᠢᠲᠡᠯ᠎ᠡ ᠢᠨᠢᠶᠡᠯᠲᠡᠢ 
                ᠠᠷᠤᠤᠬᠠᠨ ᠮᠠᠲᠠᠯᠳᠤ ᠴᠠᠰ ᠠᠭᠤᠯᠠ ᠦᠷᠦ ᠡᠪᠡᠳᠮᠡᠷ ᠬᠥᠭᠡᠷᠦᠬᠦᠢᠯᠡᠯᠲᠡᠢ !