ᠬᠥᠬᠡ ᠰᠤᠳᠤᠷ - ᠢᠨᠵᠠᠨᠨᠠᠰᠢ <ᠭᠤᠴᠢᠨ ᠭᠤᠷᠪᠠᠳᠤᠭᠠᠷ ᠪᠦᠯᠦᠭ > Хөх судар - Инжинаш <Гучин гуравдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠭᠤᠷᠪᠠᠳᠤᠭᠠᠷ ᠪᠦᠯᠦᠭ > Хөх судар - Инжинаш <Гучин гуравдугаар бүлэг >

ᠬᠥᠬᠡ ᠰᠤᠳᠤᠷ - ᠢᠨᠵᠠᠨᠨᠠᠰᠢ <ᠭᠤᠴᠢᠨ ᠭᠤᠷᠪᠠᠳᠤᠭᠠᠷ ᠪᠦᠯᠦᠭ > Хөх судар - Инжинаш <Гучин гуравдугаар бүлэг >

ᠠᠩᠭᠢᠯᠠᠯ:ᠲᠡᠦᠬᠡ ᠰᠣᠶᠣᠯ
2023-08-28

299

ᠰᠠᠢᠨ ᠡᠷ᠎ᠡ ᠰᠠᠯᠠᠩ ᠡᠮ᠎ᠡ ᠶ᠋ᠢ ᠡᠷᠭᠦᠵᠦ ᠬᠡᠷᠡᠭᠯᠡᠭᠰᠡᠨ ᠲᠡᠭᠷᠢ ᠶ᠋ᠢᠨ ᠬᠥᠪᠡᠭᠦᠨ ᠤ᠋ ᠥᠷᠥᠰᠢᠶᠡᠯ

ᠰᠠᠢᠬᠠᠨ ᠬᠥᠪᠡᠭᠦᠨ ᠦᠵᠡᠰᠬᠦᠯᠡᠩ ᠥᠬᠢᠨ ᠢ᠋ ᠡᠪᠯᠡᠵᠦ ᠬᠣᠣᠰᠯᠠᠭᠰᠠᠨ ᠪᠣᠭᠳᠠ ᠬᠥᠮᠦᠨ ᠤ᠋ ᠨᠢᠭᠦᠯᠡᠰᠬᠦᠢ


                   ᠭᠤᠴᠢᠨ ᠭᠤᠷᠪᠠᠳᠤᠭᠠᠷ ᠪᠦᠯᠦᠭ  
                            ᠰᠥᠩ ᠤᠯᠤᠰ ᠤ᠋ᠨ ᠨᠢᠩᠽᠦᠶ᠋ᠩ ᠬᠠᠭᠠᠨ ᠤ᠋ ᠵᠢᠶᠠ ᠲᠠᠢ ᠶ᠋ᠢᠨ ᠬᠣᠶᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ  
                                     ᠬᠠᠭᠠᠨ ᠤ᠋ ᠲᠠᠢ ᠾᠧ ᠶ᠋ᠢᠨ ᠬᠣᠶᠠᠳᠤᠭᠠᠷ ᠣᠨ ᠂ ᠬᠠᠷ᠎ᠠ ᠨᠣᠬᠠᠢ ᠵᠢᠯ ᠲᠠᠢᠽᠦ ᠳᠥᠴᠢᠨ ᠨᠢᠭᠡᠨ ᠰᠡᠭᠦᠳᠡᠷ ᠲᠡᠢ 

              ᠰᠠᠢᠨ ᠡᠷ᠎ᠡ ᠰᠠᠯᠠᠩ ᠡᠮ᠎ᠡ ᠶ᠋ᠢ ᠡᠷᠭᠦᠵᠦ ᠬᠡᠷᠡᠭᠯᠡᠭᠰᠡᠨ ᠲᠡᠭᠷᠢ ᠶ᠋ᠢᠨ ᠬᠥᠪᠡᠭᠦᠨ ᠦ᠌ ᠥᠷᠥᠰᠢᠶᠡᠯ 
              ᠰᠠᠢᠬᠠᠨ ᠬᠥᠪᠡᠭᠦᠨ ᠦᠵᠡᠰᠬᠦᠯᠡᠩ ᠥᠬᠢᠨ ᠢ᠋ ᠡᠪᠯᠡᠵᠦ ᠬᠣᠣᠰᠯᠠᠭᠰᠠᠨ ᠪᠣᠭᠳᠠ ᠬᠥᠮᠦᠨ ᠦ᠌ ᠨᠢᠭᠦᠯᠡᠰᠬᠦᠢ 

       ᠲᠡᠨᠳᠡᠴᠡ ᠬᠠᠷ᠎ᠠ ᠨᠣᠬᠠᠢ ᠵᠢᠯ ᠲᠠᠢᠽᠦ ᠳᠥᠴᠢᠨ ᠨᠢᠭᠡᠨ ᠰᠡᠭᠦᠳᠡᠷ ᠲᠡᠢ᠃ ᠬᠠᠷᠠᠬᠠᠨ ᠬᠠᠪᠤᠷ ᠤ᠋ᠨ ᠰᠡᠭᠦᠯ ᠰᠠᠷ᠎ᠠ ᠳ᠋ᠤᠷ ᠵᠦᠰᠡᠨ ᠬᠠᠲᠤᠨ ᠯᠤᠭ᠎ᠠ ᠪᠠᠨ ᠬᠦᠷᠭᠡᠨ ᠰᠣᠩᠭᠣᠵᠤ ᠪᠡᠷᠢ ᠰᠢᠯᠭᠠᠬᠤ ᠶ᠋ᠢ ᠵᠥᠪᠳᠡᠵᠦ ᠪᠠᠢᠲᠠᠯ᠎ᠠ ᠭᠠᠳᠠᠨ᠎ᠠ ᠲᠥᠷᠥ ᠶ᠋ᠢᠨ ᠴᠢᠬᠤᠯᠠ ᠬᠡᠷᠡᠭ ᠮᠡᠳᠡᠭᠦᠯᠬᠦ ᠲᠡᠮᠳᠡᠭ ᠡᠷᠭᠦᠵᠦ ᠬᠥᠭᠵᠢᠮ ᠡᠭᠦᠰᠬᠡᠨ ᠵᠠᠯᠠᠬᠤ ᠳᠣᠬᠢᠶ᠎ᠠ ᠪᠠᠷᠢᠭᠰᠠᠨ ᠳ᠋ᠤᠷ ᠲᠠᠢᠽᠦ ᠬᠠᠨᠠᠲᠤ ᠠᠷᠰᠯᠠᠨ ᠤ᠋ ᠴᠠᠴᠠᠷ ᠲᠤᠷ ᠵᠠᠯᠠᠷᠠᠨ ᠣᠷᠣᠪᠠᠰᠤ᠂ ᠣᠯᠠᠨ ᠲᠦᠰᠢᠮᠡᠳ ᠵᠠᠩᠵᠤᠨ ᠨᠠᠷ ᠠᠨᠤ ᠪᠦᠷᠢᠨ᠎ᠡ ᠬᠤᠷᠠᠵᠤ ᠬᠣᠶᠠᠷ ᠠᠢᠮᠠᠭᠯᠠᠨ ᠵᠣᠭᠰᠣᠵᠤᠬᠤᠢ᠃ ᠲᠠᠢᠽᠦ ᠲᠥᠪᠯᠡᠨ ᠵᠠᠯᠠᠷᠠᠵᠤ ᠣᠯᠠᠨ ᠲᠤᠰᠢᠮᠡᠳ ᠦ᠋ᠨ ᠮᠥᠷᠭᠥᠵᠦ ᠪᠠᠷᠠᠭᠰᠠᠨ ᠬᠣᠢᠨ᠎ᠠ᠂ ᠣᠯᠠᠨ ᠤ᠋ ᠰᠦᠷᠦᠭ ᠡᠴᠡ ᠨᠢᠭᠡᠨ ᠶᠡᠬᠡ ᠰᠠᠢᠳ ᠭᠠᠷᠪᠠ᠃ ᠣᠯᠠᠨ ᠬᠥᠮᠦᠨ ᠦᠵᠡᠬᠦᠯ᠎ᠡ ᠵᠡᠭᠦᠨ ᠡᠮᠦᠨ᠎ᠡ ᠪᠦᠬᠦᠢ ᠰᠣᠯᠤᠩᠭᠤᠳ ᠤᠯᠤᠰ ᠤ᠋ᠨ ᠪᠤᠬ᠎ᠠ ᠴᠠᠭᠠᠨ ᠬᠠᠭᠠᠨ ᠭᠠᠷᠴᠤ ᠲᠠᠢᠽᠦ ᠶ᠋ᠢᠨ ᠡᠮᠦᠨ᠎ᠡ ᠰᠥᠭᠥᠳᠴᠦ ᠤᠬᠢᠯᠠᠨ ᠮᠡᠳᠡᠭᠦᠯᠦᠷᠦᠨ :《ᠡᠨᠡ ᠬᠠᠪᠤᠷ ᠤ᠋ᠨ ᠳᠤᠮᠳᠠᠳᠤ ᠰᠠᠷ᠎ᠠ ᠳ᠋ᠤᠷ ᠮᠠᠨ ᠤ᠋ ᠵᠠᠬ᠎ᠠ ᠳ᠋ᠤᠷ ᠨᠡᠢᠯᠡᠬᠦ ᠵᠡᠭᠦᠨ ᠭᠣᠷᠯᠣᠰ ᠤ᠋ᠨ ᠨᠠᠷᠠᠨ ᠬᠠᠭᠠᠨ ᠬᠣᠷᠢᠨ ᠲᠦᠮᠡᠨ ᠶᠡᠬᠡ ᠴᠡᠷᠢᠭ ᠢ᠋ ᠠᠪᠴᠤ ᠳᠣᠪᠲᠣᠯᠤᠨ ᠢᠷᠡᠵᠦ᠂ ᠮᠠᠨ ᠤ᠋ ᠭᠠᠵᠠᠷ ᠢ᠋ ᠪᠠᠢᠯᠳᠤᠵᠤ ᠲᠦᠰᠢᠮᠡᠯ ᠪᠤᠭᠤᠷᠵᠢ ᠭᠡᠷ ᠦ᠋ᠨ ᠠᠮᠠᠨ ᠢ᠋ ᠠᠪᠤᠨ ᠭᠠᠷᠴᠤ ᠢᠷᠡᠪᠡ᠃ ᠮᠢᠨᠦ ᠤᠭ ᠡᠵᠡᠯᠡᠭᠰᠡᠨ ᠭᠤᠷᠪᠠᠨ ᠮᠣᠵᠢ ᠪᠠ ᠡᠵᠡᠨ ᠦ᠌ ᠭᠡᠳᠡᠷᠭᠦ ᠳᠠᠢᠯᠠᠨ ᠠᠪᠴᠤ ᠥᠭᠭᠦᠭᠰᠡᠨ ᠬᠣᠶᠠᠷ ᠮᠣᠵᠢ᠂ ᠨᠡᠢᠲᠡ ᠲᠠᠪᠤᠨ ᠮᠣᠵᠢ ᠶ᠋ᠢ ᠬᠤᠷᠤᠭᠤ ᠢᠮᠠᠬᠤ ᠶ᠋ᠢᠨ ᠭᠠᠵᠠᠷ ᠢ᠋ ᠦᠯᠡᠳᠡᠭᠡᠯ ᠦᠭᠡᠢ ᠠᠪᠴᠤ ᠪᠠᠰᠠ ᠪᠸᠲ᠋ᠠ᠋ ᠤᠯᠤᠰ ᠢ᠋ ᠠᠪᠤᠮᠤᠢ ᠭᠡᠮᠡᠨ ᠶᠡᠬᠡ ᠦᠭᠡ ᠲᠠᠯᠪᠢᠵᠤ᠂ ᠮᠢᠨᠦ ᠬᠠᠷᠢᠶᠠᠲᠤ ᠴᠡᠷᠢᠭ ᠢ᠋ ᠰᠠᠯᠭᠠᠵᠤ ᠬᠣᠷᠢᠨ ᠲᠦᠮᠡᠨ ᠴᠡᠷᠢᠭ ᠦ᠋ᠨ ᠳᠡᠭᠡᠷ᠎ᠡ ᠪᠡᠨ ᠨᠡᠮᠡᠵᠦ ᠭᠤᠴᠢᠨ ᠲᠦᠮᠡᠨ ᠦ᠌ ᠲᠣᠭᠠᠨ ᠳ᠋ᠤᠷ ᠬᠦᠷᠦᠭᠦᠯᠦᠮᠦᠢ ᠭᠡᠮᠡᠨ ᠬᠠᠷᠠᠬᠠᠨ ᠴᠡᠷᠢᠭ ᠪᠠᠢᠭᠤᠯᠤᠮᠤᠢ᠃ 》ᠬᠡᠮᠡᠬᠦᠢ ᠳ᠋ᠦ᠍ᠷ ᠲᠠᠢᠽᠦ ᠶᠡᠬᠡᠯ᠎ᠡ ᠭᠡᠯᠮᠡᠵᠦ ᠮᠤᠬᠤᠯᠢ ᠶ᠋ᠢ ᠬᠠᠷᠠᠵᠤ ᠦᠵᠡᠪᠡᠰᠦ ᠮᠤᠬᠤᠯᠢ ᠮᠥᠨ ᠤᠷᠲᠤ ᠬᠣᠶᠠᠷ ᠥᠷᠭᠡᠨ ᠬᠥᠮᠥᠰᠬᠡ ᠰᠡᠬᠦᠢᠵᠦ ᠬᠣᠶᠠᠷ ᠬᠠᠨᠴᠤ ᠶ᠋ᠢᠨ ᠨᠢᠳᠤᠷᠭ᠎ᠠ ᠪᠠᠨ ᠳᠣᠲᠣᠷ᠎ᠠ ᠠ᠋ᠴᠠ ᠠᠨᠤ ᠬᠢᠴᠢᠶᠡᠨ ᠠᠳᠬᠤᠵᠤ ᠬᠣᠶᠠᠷ ᠮᠥᠷᠥ ᠪᠡᠨ ᠮᠡᠭᠵᠢᠢᠨ ᠵᠣᠭᠰᠣᠵᠤᠬᠤᠢ᠃ ᠲᠠᠢᠽᠦ ᠣᠯᠠᠨ ᠲᠦᠰᠢᠮᠡᠳ ᠦ᠋ᠨ ᠵᠦᠭ ᠥᠭᠦᠯᠡᠷᠦᠨ: 《ᠡᠭᠦᠨ ᠢ᠋ ᠲᠠᠨ ᠤ᠋ ᠰᠠᠨᠠᠭᠠᠨ ᠳ᠋ᠤᠷ ᠬᠡᠷᠬᠢᠪᠡᠰᠦ ᠵᠣᠬᠢᠮᠤᠢ ? 》ᠬᠡᠮᠡᠬᠦᠢ ᠳ᠋ᠦ᠍ᠷ ᠮᠤᠬᠤᠯᠢ ᠣᠯᠠᠨ ᠤ᠋ ᠰᠦᠷᠦᠭ ᠡᠴᠡ ᠭᠠᠷᠴᠤ ᠰᠥᠭᠥᠳᠦᠭᠡᠳ ᠠᠳᠬᠤᠭᠰᠠᠨ ᠭᠠᠷ ᠢ᠋ᠶ᠋ᠠᠨ ᠭᠠᠵᠠᠷ ᠲᠤᠷ ᠲᠤᠯᠭᠠᠵᠤ ᠮᠥᠷᠭᠥᠵᠦ ᠮᠡᠳᠡᠭᠦᠯᠦᠷᠦᠨ: 《ᠡᠵᠡᠨ ᠮᠢᠨᠦ ᠠᠢᠯᠠᠳ᠂ ᠡᠨᠡ ᠴᠥᠮ ᠰᠤᠯᠤᠩᠭᠤᠳ ᠤ᠋ᠨ ᠵᠠᠬ᠎ᠠ ᠨᠡᠢᠯᠡᠭᠰᠡᠨ ᠸᠠᠩᠴᠤᠭ ᠪᠠ ᠢᠯᠠᠭᠤᠭᠰᠠᠨ ᠬᠣᠶᠠᠭᠤᠯᠠ ᠶ᠋ᠢᠨ ᠵᠡᠷᠭᠡᠯᠡᠳᠡᠭᠡ ᠠᠢᠮᠠᠭ ᠢ᠋ᠶ᠋ᠠᠨ ᠡᠰᠡ ᠬᠠᠷᠠᠭᠠᠯᠵᠠᠭᠰᠠᠨ ᠤ᠋ ᠭᠡᠮ ᠡᠴᠡ ᠪᠣᠯᠵᠤᠬᠤᠢ᠃ ᠵᠡᠷᠭᠡᠯᠡᠳᠡᠭᠡ ᠤᠯᠤᠰ ᠤ᠋ᠨ ᠲᠠᠪᠤᠨ ᠮᠣᠵᠢ ᠶ᠋ᠢ ᠠᠪᠴᠤ ᠪᠠᠢᠲᠠᠯ᠎ᠠ ᠲᠡᠷᠡ ᠬᠣᠶᠠᠷ ᠣᠮᠲᠠᠵᠦ ᠪᠠᠢᠭᠰᠠᠨ ᠤᠤ ? ᠲᠦᠰᠢᠮᠡᠯ ᠪᠢ ᠪᠣᠯᠣᠳ ᠬᠦᠴᠦᠲᠦ ᠴᠡᠷᠢᠭ ᠢ᠋ ᠠᠪᠤᠨ ᠡᠴᠢᠵᠦ ᠡᠨᠡ ᠬᠣᠶᠠᠷ ᠢ᠋ ᠤᠷᠢᠳᠠ ᠴᠠᠭᠠᠵᠠ ᠪᠠᠷ ᠠᠪᠠᠴᠢᠭᠠᠳ ᠵᠢᠴᠢ ᠭᠣᠷᠯᠣᠰ ᠤ᠋ᠨ ᠨᠠᠷᠠᠨ ᠬᠠᠭᠠᠨ ᠯᠤᠭ᠎ᠠ ᠲᠤᠯᠰᠤᠭᠠᠢ᠃ ᠡᠵᠡᠨ ᠸᠠᠩᠭᠦᠪ᠂ ᠨᠠᠢ᠍ᠮᠠᠨ᠂ ᠬᠡᠷᠡᠢᠳ᠂ ᠭᠤᠷᠪᠠᠨ ᠠᠢᠮᠠᠭ ᠤ᠋ᠨ ᠶᠡᠬᠡ ᠴᠡᠷᠢᠭ ᠢ᠋ ᠠᠪᠴᠤ ᠬᠣᠢᠨ᠎ᠠ ᠮᠣᠷᠢᠯᠠᠮᠤ ! 》ᠬᠡᠮᠡᠭᠰᠡᠨ ᠳ᠋ᠦ᠍ᠷ ᠪᠤᠬ᠎ᠠ ᠴᠠᠭᠠᠨ ᠬᠠᠭᠠᠨ ᠬᠠᠵᠠᠭᠤ᠎ᠠᠴᠠ ᠮᠡᠳᠡᠭᠦᠯᠦᠷᠦᠨ: 《ᠡᠨᠡ ᠢᠯᠠᠭᠤᠭᠰᠠᠨ ᠸᠠᠩᠴᠤᠭ ᠬᠣᠶᠠᠭᠤᠯᠠ ᠣᠰᠣᠯ ᠦᠭᠡᠢ᠂ ᠪᠢ ᠪᠡᠶ᠎ᠡ ᠪᠡᠷ ᠪᠠᠢᠯᠳᠤᠨ ᠵᠠᠪᠳᠤᠭᠰᠠᠨ ᠦᠭᠡᠢ ᠠᠲᠠᠯ᠎ᠠ ᠲᠡᠳᠡ ᠭᠠᠳᠠᠨ᠎ᠠ ᠪᠦᠬᠦᠢ ᠤᠯᠤᠰ ᠬᠡᠷᠬᠢᠨ ᠵᠠᠪᠳᠤᠬᠤ ᠪᠣᠢ !》ᠭᠡᠮᠡᠨ ᠮᠡᠳᠡᠭᠦᠯᠦᠭᠰᠡᠨ ᠳ᠋ᠦ᠍ᠷ ᠮᠤᠬᠤᠯᠢ ᠲᠣᠰᠴᠤ ᠥᠭᠦᠯᠡᠷᠦᠨ᠄《ᠰᠠᠶᠢ ᠢᠷᠡᠬᠦᠢ ᠳ᠋ᠦ᠍ᠷ ᠡᠰᠡ ᠮᠡᠳᠡᠬᠦ ᠪᠣᠢ ᠢ᠋᠎ᠡ᠂ ᠢᠷᠡᠭᠰᠡᠨ ᠦ᠌ ᠬᠣᠢᠨ᠎ᠠ ᠲᠤᠯᠤᠷ᠎ᠠ ᠡᠴᠢᠵᠦ ᠪᠣᠯᠬᠤ ᠦᠭᠡᠢ ᠦᠦ? ᠦᠨᠡᠬᠡᠷ ᠡᠴᠢᠵᠦ ᠲᠤᠰᠠ ᠦᠭᠡᠢ ᠬᠡᠮᠡᠪᠡᠰᠦ᠂ ᠵᠡᠷᠭᠡᠯᠡᠳᠡᠭᠡ ᠤᠯᠤᠰ ᠶᠡᠬᠡ ᠭᠠᠮᠰᠢᠭ ᠪᠣᠯᠤᠨ ᠠᠪᠲᠠᠵᠤ ᠪᠠᠢᠲᠠᠯ᠎ᠠ ᠬᠡᠷᠡᠭ ᠪᠣᠯᠭᠠᠬᠤ ᠦᠭᠡᠢ ᠰᠠᠭᠤᠬᠤ ᠠᠨᠤ ᠲᠡᠳᠡᠨ ᠦ᠌ ᠰᠠᠨᠠᠭ᠎ᠠ ᠨᠢᠭᠡᠳᠦᠭᠰᠡᠨ ᠢᠨᠦ ᠦᠨᠡᠨ ᠦᠭᠡᠢ ᠦᠦ ? ᠡᠭᠦᠨ ᠢ᠋ ᠴᠠᠭᠠᠵᠠ ᠪᠠᠷ ᠠᠪᠠᠴᠢᠵᠤ ᠡᠰᠡ ᠠᠯᠠᠪᠠᠰᠤ ᠪᠣᠯᠬᠤ ᠦᠭᠡᠢ ! 》ᠭᠡᠮᠡᠨ ᠪᠠᠰᠠ ᠬᠣᠶᠠᠷ ᠬᠠᠨᠴᠤ ᠪᠠᠷ ᠪᠠᠢᠨ ᠪᠠᠢᠨ ᠭᠠᠵᠠᠷ ᠢ᠋ ᠨᠦᠳᠦᠬᠦᠢ ᠳ᠋ᠦ᠍ᠷ ᠲᠠᠢᠽᠦ ᠭᠡᠨᠡᠳᠲᠡ ᠮᠤᠬᠤᠯᠢ ᠶ᠋ᠢᠨ ᠠᠷᠭ᠎ᠠ ᠶ᠋ᠢ ᠮᠡᠳᠡᠵᠦ :《ᠵᠢᠨᠦᠩ ᠦ᠋ᠨ ᠦᠭᠡ ᠮᠠᠰᠢ ᠮᠥᠨ᠂ ᠡᠷᠬᠡᠪᠰᠢ ᠢᠯᠠᠭᠤᠭᠰᠠᠨ ᠪᠠ ᠸᠠᠩᠴᠤᠭ ᠬᠣᠶᠠᠭᠤᠯᠠ ᠶ᠋ᠢ ᠪᠠᠷᠢᠵᠤ ᠶᠠᠯ᠎ᠠ ᠳ᠋ᠤᠷ ᠠᠨᠤ ᠠᠯᠠᠵᠤ ᠣᠯᠠᠨ ᠳ᠋ᠤᠷ ᠦᠵᠡᠭᠦᠯ᠂ ᠡᠳᠦᠭᠡ ᠳᠠᠷᠤᠢ ᠵᠠᠩᠵᠤᠨ ᠨᠠᠷ ᠶᠡᠬᠡ ᠴᠡᠷᠢᠭ ᠢ᠋ ᠠᠪᠤᠨ ᠮᠣᠷᠳᠠ !》ᠬᠡᠮᠡᠭᠰᠡᠨ ᠳ᠋ᠦ᠍ᠷ ᠬᠥᠭᠵᠢᠮ ᠡᠭᠦᠰᠬᠡᠨ ᠲᠠᠢᠽᠦ ᠳᠠᠷᠤᠢ ᠤᠷᠳᠣᠨ᠎ᠠ ᠡᠭᠡᠪᠡ᠃ 
       ᠲᠡᠳᠦᠢ ᠵᠢᠨᠦᠩ ᠮᠤᠬᠤᠯᠢ ᠵᠠᠬᠢᠶ᠎ᠠ ᠣᠯᠵᠤ ᠳᠠᠷᠤᠢ ᠲᠥᠷᠥ ᠡᠴᠡ ᠣᠯᠠᠨ ᠯᠤᠭ᠎ᠠ ᠪᠠᠭᠤᠵᠤ ᠢᠷᠡᠭᠡᠳ ᠶᠡᠬᠡ ᠬᠡᠩᠭᠡᠷᠭᠡ ᠳᠡᠯᠡᠳᠦᠭᠦᠯᠦᠨ ᠣᠯᠠᠨ ᠵᠠᠩᠵᠤᠨ ᠪᠠᠭᠠᠲᠤᠳ ᠢ᠋ ᠴᠤᠭᠯᠠᠭᠤᠯᠤᠨ᠂ ᠥᠪᠡᠷ ᠢ᠋ᠶ᠋ᠡᠨ ᠴᠡᠷᠢᠭ ᠦ᠋ᠨ ᠵᠢᠨᠦᠩ ᠦ᠋ᠨ ᠴᠠᠴᠠᠷ ᠲᠤᠷ ᠰᠠᠭᠤᠵᠤ ᠬᠣᠶᠠᠷ ᠰᠤᠮᠤ ᠰᠤᠭᠤᠯᠵᠤ ᠲᠡᠮᠳᠡᠭ ᠳᠠᠯᠪᠠᠭ᠎ᠠ ᠬᠥᠳᠡᠯᠭᠡᠵᠦ ᠬᠣᠶᠠᠷ ᠵᠠᠩᠵᠤᠨ ᠢ᠋ ᠵᠠᠷᠯᠠᠪᠠ᠃ ᠣᠯᠠᠨ ᠦᠵᠡᠪᠡᠰᠦ ᠬᠠᠰᠠᠷ ᠪᠡᠯᠭᠦᠳᠡᠢ ᠬᠣᠶᠠᠭᠤᠯᠠ ᠶ᠋ᠢ ᠵᠠᠷᠯᠠᠨ ᠴᠠᠴᠠᠷ ᠲᠤᠷ ᠣᠷᠣᠭᠤᠯᠵᠤ ᠬᠥᠮᠦᠨ ᠪᠦᠷᠢ ᠳ᠋ᠦ᠍ᠷ ᠨᠢᠭᠡᠨ ᠪᠢᠲᠡᠭᠦᠮᠵᠢ ᠪᠢᠴᠢᠭ ᠥᠭᠴᠦ ᠥᠭᠦᠯᠡᠷᠦᠨ:《ᠡᠵᠡᠨ ᠦ᠌ ᠶᠡᠬᠡ ᠳᠡᠭᠦᠦ ᠪᠡᠯᠭᠦᠳᠡᠢ ᠡᠳᠦᠭᠡ ᠵᠠᠭᠤᠨ ᠮᠣᠷᠢᠲᠠᠨ ᠢ᠋ ᠠᠪᠴᠤ ᠮᠢᠨᠦ ᠪᠢᠲᠡᠭᠦᠮᠵᠢ ᠶ᠋ᠢ ᠵᠠᠮ ᠳ᠋ᠤᠷ ᠨᠡᠭᠡᠭᠡᠵᠦ ᠦᠵᠡᠭᠡᠳ ᠢᠯᠠᠭᠤᠭᠰᠠᠨ ᠢ᠋ ᠡᠷᠬᠡᠪᠰᠢ ᠪᠠᠷᠢᠵᠤ ᠨᠠᠮᠠᠶ᠋ᠢ ᠤᠭᠲᠤᠵᠤ ᠵᠣᠯᠭ᠎ᠠ᠂ ᠡᠵᠡᠨ ᠦ᠌ ᠬᠣᠶᠠᠳᠤᠭᠠᠷ ᠳᠡᠭᠦᠦ ᠬᠠᠰᠠᠷ ᠮᠥᠨ ᠵᠠᠭᠤᠨ ᠮᠣᠷᠢᠲᠠᠨ ᠢ᠋ ᠠᠪᠴᠤ ᠡᠳᠦᠭᠡ ᠳᠠᠷᠤᠢ ᠮᠣᠷᠢᠯᠠᠵᠤ ᠮᠣᠷᠢᠨ ᠳᠡᠭᠡᠷ᠎ᠡ ᠵᠠᠮ ᠳ᠋ᠤᠷ ᠮᠢᠨᠦ ᠪᠢᠴᠢᠭ ᠢ᠋ ᠦᠵᠡᠭᠡᠳ ᠸᠠᠩᠴᠤᠭ ᠢ᠋ ᠪᠠᠷᠢᠵᠤ ᠨᠠᠮᠠᠶ᠋ᠢ ᠤᠭᠲᠤᠵᠤ ᠵᠣᠯᠭ᠎ᠠ᠂ ᠡᠨᠡ ᠢᠨᠤ ᠴᠢᠬᠤᠯᠠ ᠬᠡᠷᠡᠭ ᠣᠰᠣᠯᠳᠠᠵᠤ ᠪᠣᠯᠬᠤ ᠦᠭᠡᠢ᠂ ᠡᠵᠡᠨ ᠦ᠌ ᠴᠠᠭᠠᠵᠠ ᠬᠠᠲᠠᠭᠤ᠂ ᠲᠠ ᠣᠯᠠᠨ ᠦᠭᠡ ᠪᠢᠲᠡᠭᠡᠢ ᠥᠭᠦᠯᠡ !》ᠭᠡᠮᠡᠨ ᠳᠠᠷᠤᠢ ᠵᠣᠭᠰᠣᠭ᠎ᠠ ᠪᠠᠷ ᠫᠤᠤ ᠲᠠᠯᠪᠢᠨ ᠮᠣᠷᠳᠠᠭᠤᠯᠪᠠ᠃ ᠪᠠᠰᠠ ᠪᠡᠶ᠎ᠡ ᠡᠭᠡᠵᠦ ᠭᠤᠷᠪᠠᠨ ᠵᠡᠪᠡ ᠰᠤᠭᠤᠯᠵᠤ ᠲᠡᠮᠳᠡᠭ ᠳᠠᠯᠪᠠᠭ᠎ᠠ ᠬᠥᠳᠡᠯᠭᠡᠵᠦ ᠭᠤᠷᠪᠠᠨ ᠵᠠᠩᠵᠤᠨ ᠢ᠋ ᠵᠠᠷᠯᠠᠪᠠ᠃ ᠦᠵᠡᠪᠡᠰᠦ ᠪᠤᠭᠤᠷᠵᠢ ᠂ ᠪᠤᠭᠤᠷᠤᠯ ᠂ ᠴᠢᠯᠠᠭᠤᠨ ᠭᠤᠷᠪᠠᠭᠤᠯᠠ ᠶ᠋ᠢ ᠳᠠᠭᠤᠳᠠᠵᠤ ᠠᠪᠴᠢᠷᠠᠭᠠᠳ ᠪᠠᠰᠠ ᠭᠤᠷᠪᠠᠨ ᠪᠢᠲᠡᠭᠦᠮᠵᠢ ᠪᠢᠴᠢᠭ ᠥᠭᠴᠦ ᠪᠤᠭᠤᠷᠵᠢ ᠶ᠋ᠢᠨ ᠵᠦᠭ ᠥᠭᠦᠯᠡᠷᠦᠨ:《ᠠᠬᠠᠢ ᠴᠢ ᠲᠠᠪᠢᠨ ᠮᠣᠷᠢᠲᠠᠨ ᠢ᠋ ᠠᠪᠴᠤ ᠨᠠᠢ᠍ᠮᠠᠨ ᠤ᠋ ᠠᠯᠲᠠᠨᠱᠠᠭ᠎ᠠ ᠠᠨᠳᠠ ᠨᠠᠷ ᠤ᠋ᠨ ᠴᠡᠷᠢᠭ ᠢ᠋ ᠠᠪᠤᠨ ᠰᠣᠯᠤᠩᠭᠤᠳ ᠤᠯᠤᠰ ᠤ᠋ᠨ ᠡᠮᠦᠨ᠎ᠡ ᠡᠵᠡᠨ ᠢ᠋ ᠤᠭᠲᠤᠵᠤ ᠵᠤᠯᠭ᠎ᠠ᠂ ᠪᠤᠭᠤᠷᠤᠯ ᠠᠬᠠᠢ ᠴᠢ ᠪᠠᠰᠠ ᠲᠠᠪᠢᠨ ᠮᠣᠷᠢᠲᠠᠨ ᠢ᠋ ᠠᠪᠴᠤ ᠸᠠᠩᠬᠦᠪ ᠦ᠋ᠨ ᠳᠠᠴᠢᠩᠬᠤᠷᠯᠤ ᠶ᠋ᠢᠨ ᠨᠡᠢᠲᠡ ᠴᠡᠷᠢᠭ ᠢ᠋ ᠠᠪᠴᠤ ᠲᠦᠷᠭᠡᠨ᠎ᠡ ᠡᠮᠦᠨ᠎ᠡ ᠵᠠᠮ ᠢ᠋ᠶ᠋ᠠᠷ ᠶᠠᠪᠤᠵᠤ᠂ ᠶᠡᠬᠡ ᠮᠥᠷᠡᠨ᠎ᠡ ᠬᠦᠷᠴᠦ ᠡᠵᠡᠨ ᠢ᠋ ᠤᠭᠲᠤᠨ ᠵᠤᠯᠭ᠎ᠠ᠃ ᠴᠢᠯᠠᠭᠤᠨ ᠳᠡᠭᠦᠦ ᠴᠢ ᠮᠥᠨ ᠬᠦ᠌ ᠲᠠᠪᠢᠨ ᠮᠣᠷᠢᠲᠠᠨ ᠢ᠋ ᠠᠪᠴᠤ ᠬᠡᠷᠡᠢᠳ ᠦ᠋ᠨ ᠲᠤᠰᠬᠤ᠂ ᠰᠣᠯᠤᠩᠭᠤᠸ᠎ᠠ ᠡᠭᠡᠴᠢ ᠳᠡᠭᠦᠦ ᠴᠡᠷᠢᠭ ᠲᠡᠢ ᠠᠪᠴᠤ ᠡᠵᠡᠨ ᠢ᠋ ᠤᠭᠲᠤᠨ ᠵᠣᠯᠭ᠎ᠠ᠃ ᠡᠨᠡ ᠢᠨᠤ ᠴᠡᠷᠢᠭ ᠦ᠋ᠨ ᠴᠢᠬᠤᠯᠠ ᠬᠡᠷᠡᠭ ᠥᠴᠦᠬᠡᠨ ᠴᠦ᠍ ᠠᠯᠭᠤᠷᠯᠠᠨ ᠰᠠᠭᠠᠲᠠᠵᠤ ᠪᠣᠯᠬᠤ ᠦᠭᠡᠢ ! 》ᠭᠡᠮᠡᠨ ᠰᠠᠭᠤᠳᠠᠯ ᠠ᠋ᠴᠠ ᠪᠣᠰᠴᠤ ᠫᠤᠤ ᠲᠠᠯᠪᠢᠭᠤᠯᠤᠨ ᠬᠠᠷᠠᠭᠰᠠᠭᠠᠷ ᠮᠣᠷᠳᠠᠭᠤᠯᠵᠤ᠂ ᠪᠠᠰᠠ ᠭᠤᠷᠪᠠᠨ ᠵᠡᠪᠡ ᠰᠤᠭᠤᠯᠵᠤ ᠭᠠᠷᠭᠠᠨ ᠲᠡᠮᠳᠡᠭ ᠳᠠᠯᠪᠠᠭ᠎ᠠ ᠬᠥᠳᠡᠯᠭᠡᠵᠦ ᠭᠤᠷᠪᠠᠨ ᠵᠠᠩᠵᠤᠨ ᠢ᠋ ᠳᠠᠭᠤᠳᠠᠪᠠ᠃ ᠣᠯᠠᠨ ᠬᠥᠮᠦᠨ ᠦᠵᠡᠪᠡᠰᠦ ᠲᠡᠷᠢᠭᠦᠨ ᠨᠢᠭᠡᠨ ᠬᠣᠩᠭᠢᠷᠠᠳ ᠤ᠋ᠨ ᠲᠠᠢ ᠰᠡᠴᠡᠨ ᠦ᠌ ᠳᠡᠭᠦᠦ ᠸᠴᠢᠷ ᠰᠡᠴᠡᠨ᠂ ᠨᠢᠭᠡᠨ ᠢᠨᠦ ᠡᠩᠭᠦᠳ ᠦ᠋ᠨ ᠲᠦᠳᠡᠬᠦ ᠲᠦᠷᠭᠡᠨ᠂ ᠨᠢᠭᠡᠨ ᠢᠨᠤ ᠪᠠᠶᠠᠭᠤᠳ ᠤ᠋ᠨ ᠥᠯᠵᠡᠢ – ᠡᠨᠡ ᠭᠤᠷᠪᠠᠨ ᠵᠠᠩᠵᠤᠨ ᠳ᠋ᠤᠷ ᠨᠢᠭᠡᠨ ᠪᠢᠲᠡᠭᠦᠮᠵᠢ ᠪᠢᠴᠢᠭ ᠥᠭᠴᠦ ᠥᠭᠦᠯᠡᠷᠦᠨ:《ᠲᠠ ᠭᠤᠷᠪᠠᠭᠤᠯᠠ ᠡᠨᠡ ᠪᠢᠴᠢᠭ ᠢ᠋ ᠠᠪᠴᠤ ᠬᠠᠰᠠᠷ ᠤ᠋ᠨ ᠬᠣᠢᠨ᠎ᠠ ᠠ᠋ᠴᠠ ᠨᠡᠬᠡᠵᠦ ᠤᠴᠠᠷᠠᠨ ᠡᠨᠡ ᠪᠢᠲᠡᠭᠦᠮᠵᠢ ᠶ᠋ᠢ ᠡᠪᠳᠡᠵᠦ ᠦᠵᠡᠭᠡᠳ ᠦᠭᠡ ᠶ᠋ᠢ ᠳᠠᠭᠠᠵᠤ ᠶᠠᠪᠤ᠂ ᠣᠰᠣᠯᠳᠠᠵᠤ ᠪᠣᠯᠬᠤ ᠦᠭᠡᠢ᠂ ᠴᠡᠷᠢᠭ ᠦ᠋ᠨ ᠴᠠᠭᠠᠵᠠ ᠶ᠋ᠢ ᠪᠢ ᠵᠣᠷᠢᠭ ᠮᠡᠳᠡᠵᠦ ᠨᠠᠢᠷᠯᠠᠨ ᠴᠢᠳᠠᠬᠤ ᠦᠭᠡᠢ ! 》ᠭᠡᠮᠡᠨ ᠪᠠᠰᠠ ᠦᠵᠡᠭᠰᠡᠭᠡᠷ ᠮᠣᠷᠳᠠᠭᠤᠯᠪᠠ᠃ ᠳᠠᠷᠠᠭ᠎ᠠ ᠪᠠᠰᠠ ᠠᠷᠪᠠᠨ ᠵᠡᠪᠡ ᠪᠠᠭᠤᠯᠭᠠᠵᠤ ᠠᠷᠪᠠᠨ ᠵᠠᠩᠵᠤᠨ ᠢ᠋ ᠵᠠᠷᠯᠠᠪᠠ᠃ ᠣᠯᠠᠨ ᠦᠵᠡᠪᠡᠰᠦ : ᠵᠡᠯᠮ᠎ᠡ᠂ ᠵᠡᠪᠡ᠂ ᠰᠢᠷᠢ ᠬᠤᠲᠤᠭ᠂ ᠬᠠᠷ᠎ᠠ ᠬᠢᠷᠤ᠂ ᠤᠷᠳᠤᠰᠠᠴᠠᠨ᠂ ᠰᠠᠢᠬᠠᠨ ᠰᠤᠷᠲᠠᠯᠲᠤ᠂ ᠠᠯᠤᠬ᠎ᠠ᠂ ᠰᠦᠬᠡ᠂ ᠪᠤᠯᠤᠤ᠂ ᠡᠭᠦᠯᠡᠨ ᠴᠡᠷᠪᠢ ᠡᠨᠡ ᠠᠷᠪᠠᠭᠤᠯᠠ ᠳ᠋ᠤᠷ:《ᠡᠵᠡᠨ ᠦ᠌ ᠰᠢᠳᠠᠷ ᠰᠢᠨ᠎ᠡ ᠰᠤᠷᠭᠠᠭᠰᠠᠨ ᠬᠣᠶᠠᠷ ᠲᠦᠮᠡᠨ ᠴᠡᠷᠢᠭ ᠢ᠋ ᠲᠠ ᠠᠷᠪᠠᠭᠤᠯᠠ ᠬᠤᠪᠢᠶᠠᠨ ᠳᠠᠢᠴᠢᠯᠠᠵᠤ ᠡᠵᠡᠨ ᠢ᠋ ᠳᠠᠭ᠎ᠠ᠂ ᠡᠵᠡᠨ ᠦ᠌ ᠭᠢᠯᠢᠭᠯᠡᠵᠦ ᠲᠦᠷᠢᠮᠡᠬᠡᠢᠯᠡᠨ ᠣᠷᠣᠬᠤ ᠶ᠋ᠢ ᠰᠠᠢᠨ ᠬᠢᠴᠢᠶᠡ᠂ ᠬᠡᠳᠦᠢ ᠡᠵᠡᠨ ᠦ᠌ ᠳᠡᠭᠦᠦ ᠨᠠᠷ ᠬᠡᠦᠬᠡᠳ ᠪᠠᠢᠬᠤ ᠪᠣᠯᠪᠠᠴᠤ ᠲᠠ ᠠᠲᠠᠵᠤ ᠪᠣᠯᠬᠤ ᠦᠭᠡᠢ᠂ ᠡᠳᠦᠭᠡ ᠳᠠᠷᠤᠢ ᠪᠠᠭᠤᠵᠤ ᠴᠡᠷᠢᠭ ᠢ᠋ᠶ᠋ᠡᠨ ᠲᠡᠭᠰᠢᠯᠡ !》ᠭᠡᠮᠡᠨ ᠪᠠᠭᠤᠯᠭᠠᠭᠠᠳ ᠪᠠᠰᠠ ᠲᠠᠪᠤᠨ ᠰᠤᠮᠤ ᠪᠠᠭᠤᠯᠭᠠᠵᠤ ᠲᠠᠪᠤᠨ ᠵᠠᠩᠵᠤᠨ ᠢ᠋ ᠵᠠᠷᠯᠠᠵᠤ ᠲᠠᠭᠲᠤ ᠳ᠋ᠤᠷ ᠭᠠᠷᠭᠠᠪᠠ᠃ ᠣᠯᠠᠨ ᠦᠵᠡᠪᠡᠰᠦ : ᠲᠠᠪᠤᠨ ᠪᠠᠷᠰ ᠤ᠋ᠨ ᠵᠠᠩᠵᠤᠨ ᠮᠥᠨ᠃ ᠮᠤᠬᠤᠯᠢ ᠥᠭᠦᠯᠡᠷᠦᠨ: 《ᠲᠠ ᠲᠠᠪᠤᠭᠤᠯᠠ ᠪᠣᠯᠣᠳ ᠬᠦᠴᠦᠲᠦ ᠨᠢᠭᠡᠨ ᠲᠦᠮᠡᠨ ᠴᠡᠷᠢᠭ ᠢ᠋ ᠲᠠᠪᠤᠨ ᠠᠩᠭᠢ ᠰᠠᠯᠭᠠᠵᠤ ᠨᠠᠮᠠᠶ᠋ᠢ ᠳᠠᠭ᠎ᠠ᠂ ᠪᠢ ᠤᠷᠢᠳᠠ ᠬᠦᠷᠴᠦ ᠲᠡᠳᠡᠨ ᠦ᠌ ᠨᠠᠷᠠᠨ ᠬᠠᠭᠠᠨ ᠤ᠋ ᠭᠤᠴᠢᠨ ᠲᠦᠮᠡᠨ ᠴᠡᠷᠢᠭ ᠢ᠋ ᠡᠪᠳᠡᠬᠦ ᠲᠤᠯᠠ ᠵᠣᠭᠰᠣᠭ᠎ᠠ ᠪᠠᠷ ᠮᠣᠷᠳᠠᠮᠤᠢ !》ᠭᠡᠮᠡᠨ ᠵᠠᠬᠢᠶ᠎ᠠ ᠪᠠᠭᠤᠯᠭᠠᠭᠠᠳ ᠪᠠᠰᠠ ᠨᠢᠭᠡᠨ ᠳᠠᠯᠪᠠᠭ᠎ᠠ ᠪᠠᠭᠤᠯᠭᠠᠨ ᠲᠣᠷᠭᠠᠨ ᠰᠢᠷ᠎ᠠ ᠶ᠋ᠢ ᠵᠠᠯᠠᠨ ᠠᠪᠴᠤ ᠰᠠᠭᠤᠳᠠᠯ ᠠ᠋ᠴᠠ ᠪᠣᠰᠴᠤ :《ᠡᠵᠡᠨ ᠦ᠌ ᠠᠷᠪᠠᠨ ᠵᠠᠩᠵᠤᠨ ᠢ᠋ ᠬᠠᠮᠢᠶᠠᠷᠴᠤ ᠡᠵᠡᠨ ᠦ᠌ ᠡᠮᠦᠨ᠎ᠡ ᠬᠣᠢᠨ᠎ᠠ ᠲᠠᠭᠠᠯᠴᠠᠨ ᠶᠠᠪᠤ ! 》ᠭᠡᠮᠡᠨ ᠲᠤᠰ ᠲᠤᠰ ᠲᠤᠷ ᠬᠤᠪᠢᠶᠠᠨ ᠵᠠᠷᠯᠠᠵᠤ ᠪᠠᠷᠠᠭᠰᠠᠨ ᠬᠣᠢᠨ᠎ᠠ ᠥᠪᠡᠷ ᠢ᠋ᠶ᠋ᠡᠨ ᠨᠢᠭᠡᠨ ᠰᠢᠷ᠎ᠠ ᠪᠢᠲᠡᠭᠦᠮᠵᠢ ᠶ᠋ᠢ ᠠᠪᠴᠤ ᠲᠠᠢᠽᠦ ᠶ᠋ᠢᠨ ᠤᠷᠳᠣᠨ᠎ᠠ ᠢᠷᠡᠵᠦ᠂ ᠬᠡᠩᠭᠡᠷᠭᠡ ᠴᠣᠬᠢᠭᠤᠯᠤᠨ ᠲᠠᠢᠽᠦ ᠶ᠋ᠢ ᠵᠠᠯᠠᠨ ᠭᠠᠷᠭᠠᠵᠤ ᠰᠥᠭᠥᠳᠦᠨ ᠪᠢᠲᠡᠭᠦᠮᠵᠢ ᠪᠡᠨ ᠡᠷᠭᠦᠭᠡᠳ ᠳᠠᠷᠤᠢ ᠠᠶᠠᠷᠯᠠᠨ ᠮᠥᠷᠭᠥᠵᠦ ᠭᠠᠷᠴᠤ ᠢᠷᠡᠭᠡᠳ ᠶᠡᠬᠡ ᠫᠤᠤ ᠲᠠᠯᠪᠢᠭᠤᠯᠤᠨ ᠵᠣᠭᠰᠣᠭ᠎ᠠ ᠪᠠᠷ ᠮᠣᠷᠳᠠᠪᠠ᠃ 
       ᠲᠡᠳᠦᠢ ᠬᠠᠰᠠᠷ᠂ ᠪᠡᠯᠭᠦᠳᠡᠢ ᠮᠣᠷᠢᠨ ᠤ᠋ ᠳᠡᠭᠡᠷ᠎ᠡ ᠪᠢᠴᠢᠭ ᠢ᠋ ᠨᠡᠭᠡᠭᠡᠵᠦ ᠦᠵᠡᠪᠡᠰᠦ ᠪᠢᠴᠢᠭ ᠦ᠋ᠨ ᠦᠭᠡ :《ᠲᠠᠨ ᠤ᠋ ᠪᠡᠶ᠎ᠡ ᠪᠢᠴᠢᠭ ᠢ᠋ ᠦᠵᠡᠮᠡᠭᠴᠡ ᠵᠠᠮ ᠳ᠋ᠤᠷ ᠢᠯᠠᠭᠤᠭᠰᠠᠨ ᠸᠠᠩᠴᠤᠭ ᠬᠣᠶᠠᠭᠤᠯᠠ ᠶ᠋ᠢ ᠪᠠᠷᠢᠵᠤ ᠠᠯᠠᠷ᠎ᠠ ᠢᠷᠡᠪᠡ ᠭᠡᠮᠡᠨ ᠠᠯᠳᠠᠷᠰᠢᠭᠤᠯ᠂ ᠲᠡᠷᠡ ᠬᠣᠶᠠᠭᠤᠯᠠ ᠶ᠋ᠢ ᠴᠢᠬᠤᠯᠳᠠᠨ ᠤᠷᠪᠠᠭᠰᠠᠨ ᠮᠡᠲᠦ ᠪᠡᠷ ᠴᠡᠷᠢᠭ ᠢ᠋ᠶ᠋ᠡᠨ ᠠᠪᠴᠤ ᠡᠮ᠎ᠡ ᠦᠷ᠎ᠡ ᠯᠦ᠍ᠭᠡ ᠪᠡᠨ ᠨᠠᠷᠠᠨ ᠬᠠᠭᠠᠨ ᠳ᠋ᠤᠷ ᠳᠠᠭᠠᠷ᠎ᠠ ᠡᠴᠢᠭᠦᠯᠦᠭᠲᠦᠨ᠃ ᠸᠠᠩᠬᠦᠪ᠂ ᠨᠠᠢ᠍ᠮᠠᠨ᠂ ᠬᠡᠷᠡᠢᠳ ᠭᠤᠷᠪᠠᠨ ᠠᠢᠮᠠᠭ ᠤ᠋ᠨ ᠴᠡᠷᠢᠭ ᠬᠦᠷᠦᠭᠰᠡᠨ ᠳ᠋ᠦ᠍ᠷ ᠳᠠᠷᠤᠢ ᠭᠣᠷᠯᠣᠰ ᠲᠤᠷ ᠣᠷᠣᠭᠤᠯᠵᠤ ᠠᠪᠠᠴᠢ᠂ ᠡᠯ᠎ᠡ ᠳᠠᠭᠠᠵᠤ ᠣᠷᠣᠬᠤ ᠴᠡᠷᠢᠭ ᠢ᠋ ᠴᠥᠮ ᠮᠠᠨ ᠤ᠋ ᠴᠡᠷᠢᠭ ᠢ᠋ ᠳᠠᠭᠠᠭᠤᠯᠵᠤ ᠣᠷᠣᠭᠤᠯᠤᠭᠠᠳ ᠲᠠᠨ ᠤ᠋ ᠲᠠᠪᠤᠨ ᠠᠢᠮᠠᠭ ᠤ᠋ᠨ ᠠᠷᠪᠠᠨ ᠠᠢᠮᠠᠭ ᠤ᠋ᠨ ᠠᠷᠪᠠᠨ ᠲᠦᠮᠡᠨ ᠴᠡᠷᠢᠭ ᠪᠦᠷᠢᠳᠦᠭᠰᠡᠨ ᠬᠣᠢᠨ᠎ᠠ᠂ ᠪᠤᠭᠤᠷᠵᠢ ᠮᠥᠨ ᠰᠤᠯᠠ ᠴᠡᠷᠢᠭ ᠦ᠋ᠨ ᠰᠦᠷᠦᠭ ᠲᠣᠢ ᠣᠷᠣᠬᠤ ᠲᠤᠯᠠ ᠲᠠ ᠲᠡᠭᠦᠨ ᠦ᠌ ᠲᠡᠮᠳᠡᠭ ᠢ᠋ ᠳᠠᠭᠠᠵᠤ ᠨᠠᠷᠠᠨ ᠬᠠᠭᠠᠨ ᠢ᠋ ᠪᠡᠷᠢ᠂ ᠪᠢ ᠬᠣᠢᠲᠤ ᠵᠠᠮ ᠢ᠋ᠶ᠋ᠠᠷ ᠭᠣᠷᠯᠣᠰ ᠢ᠋ ᠠᠨᠤ ᠠᠪᠤᠷ᠎ᠠ ᠡᠴᠢᠮᠦᠢ᠂ ᠨᠠᠷᠠᠨ ᠬᠠᠭᠠᠨ ᠤ᠋ ᠣᠯᠠᠨ ᠴᠡᠷᠢᠭ ᠬᠠᠭᠠᠭᠳᠠᠪᠠᠰᠤ ᠯᠠᠪ ᠬᠡᠳᠦᠬᠡᠨ ᠵᠠᠭᠤᠨ ᠴᠡᠷᠢᠭ ᠢ᠋ᠶ᠋ᠡᠷ ᠤᠯᠤᠰ ᠤ᠋ᠨ ᠵᠦᠭ ᠳᠣᠪᠲᠣᠯᠬᠤᠢ ᠳ᠋ᠤᠷ ᠭᠣᠷᠯᠣᠰ ᠤᠯᠤᠰ ᠤ᠋ᠨ ᠪᠠᠷᠠᠭᠤᠨ ᠡᠮᠦᠨ᠎ᠡ ᠵᠠᠬ᠎ᠠ ᠬᠡᠷᠢᠶ᠎ᠡ ᠬᠢᠪᠭᠡᠷ ᠦ᠋ᠨ ᠠᠮᠠᠨ ᠢ᠋ᠶ᠋ᠠᠷ ᠭᠠᠷᠬᠤ ᠲᠤᠯᠠ ᠬᠠᠰᠠᠷ ᠴᠢ ᠸᠠᠩᠴᠤᠭ᠂ ᠢᠯᠠᠭᠤᠭᠰᠠᠨ ᠨᠠᠷ ᠤ᠋ᠨ ᠨᠢᠭᠡᠨ ᠮᠢᠩᠭᠠᠨ ᠱᠠᠯᠠᠮᠠᠭᠠᠢ ᠴᠡᠷᠢᠭ ᠢ᠋ ᠠᠪᠴᠤ ᠸᠴᠢᠷ ᠰᠡᠴᠡᠨ᠂ ᠲᠦᠳᠡᠬᠦ ᠲᠦᠷᠭᠡᠨ᠂ ᠥᠯᠵᠡᠢ ᠭᠤᠷᠪᠠᠭᠤᠯᠠ ᠶ᠋ᠢ ᠠᠪᠤᠨ ᠰᠥᠨᠢ ᠳᠦᠯᠢᠨ ᠮᠥᠷᠡᠨ ᠢ᠋ ᠭᠡᠲᠦᠯᠵᠦ᠂ ᠭᠣᠷᠯᠣᠰ ᠤ᠋ᠨ ᠬᠡᠷᠢᠶ᠎ᠡ ᠬᠢᠪᠭᠡᠷ ᠦ᠋ᠨ ᠠᠮᠠᠨ᠎ᠠ ᠪᠦᠭᠭᠦᠵᠦ ᠬᠦᠯᠢᠶᠡᠨ ᠨᠠᠷᠠᠨ ᠬᠠᠭᠠᠨ ᠢ᠋ ᠠᠮᠢᠳᠤ ᠪᠡᠷᠢ᠂ ᠡᠴᠢᠬᠦ ᠤᠴᠢᠷ ᠢ᠋ ᠵᠢᠭᠠᠵᠤ ᠲᠡᠳᠡᠨ ᠢ᠋ ᠮᠣᠷᠳᠠᠭᠤᠯᠤᠭᠠᠳ ᠪᠡᠯᠭᠦᠳᠡᠢ ᠴᠢ ᠡᠭᠡᠵᠦ ᠢᠷᠡᠨ ᠲᠡᠳᠡᠨ ᠢ᠋ ᠤᠷᠪᠠᠪᠠ ᠭᠡᠮᠡᠨ ᠡᠵᠡᠨ ᠳ᠋ᠦ᠍ᠷ ᠮᠡᠳᠡᠭᠦᠯᠵᠦ᠂ ᠪᠠᠰᠠ ᠥᠪᠡᠷ ᠪᠤᠰᠤᠳ ᠲᠤᠷ ᠨᠢᠭᠡᠨ ᠠᠳᠠᠯᠢ ᠠᠯᠳᠠᠷᠰᠢᠭᠤᠯ᠃ ᠡᠨᠡ ᠸᠠᠩᠬᠦᠪ᠂ ᠬᠡᠷᠡᠢᠳ᠂ ᠨᠠᠢ᠍ᠮᠠᠨ ᠭᠤᠷᠪᠠᠨ ᠵᠠᠮ ᠤ᠋ᠨ ᠴᠡᠷᠢᠭ ᠨᠠᠷᠠᠨ ᠬᠠᠭᠠᠨ ᠳ᠋ᠤᠷ ᠳᠠᠭᠠᠷ᠎ᠠ ᠣᠷᠣᠬᠤᠢ ᠳ᠋ᠤᠷ ᠪᠤᠭᠤᠷᠵᠢ ᠴᠡᠷᠢᠭ ᠬᠥᠮᠦᠨ ᠪᠣᠯᠤᠨ ᠲᠠᠭᠠᠯᠴᠠᠵᠤ ᠣᠷᠣᠬᠤ ᠲᠤᠯᠠ ᠲᠠ ᠲᠡᠭᠦᠨ ᠦ᠌ ᠠᠷᠭ᠎ᠠ ᠶ᠋ᠢ ᠬᠦᠯᠢᠶᠡᠨ ᠶᠠᠪᠤᠭᠲᠤᠨ !》ᠬᠡᠮᠡᠭᠰᠡᠨ᠎ᠡ ᠠᠬ᠎ᠠ ᠳᠡᠭᠦᠦ ᠬᠣᠶᠠᠭᠤᠯᠠ ᠤᠴᠢᠷ ᠢ᠋ ᠮᠡᠳᠡᠵᠦ ᠪᠠᠶᠠᠷᠯᠠᠨ ᠥᠪᠡᠷ ᠥᠪᠡᠷ ᠦ᠋ᠨ ᠶᠠᠪᠤᠳᠠᠯ ᠳ᠋ᠠᠭᠠᠨ ᠡᠴᠢᠪᠡ᠃ 
       ᠲᠡᠳᠦᠢ ᠪᠤᠭᠤᠷᠵᠢ᠂ ᠪᠤᠭᠤᠷᠤᠯ᠂ ᠴᠢᠯᠠᠭᠤᠨ ᠭᠤᠷᠪᠠᠭᠤᠯᠠ ᠲᠡᠷᠡ ᠪᠢᠴᠢᠭ ᠢ᠋ ᠨᠡᠭᠡᠭᠡᠵᠦ ᠦᠵᠡᠪᠡᠰᠦ ᠲᠡᠭᠦᠨ ᠦ᠌ ᠦᠭᠡ :《ᠭᠤᠷᠪᠠᠨ ᠬᠦᠯᠦᠭ ᠭᠤᠷᠪᠠᠨ ᠳᠠᠰᠢ ᠡᠴᠢᠪᠡᠰᠦ ᠲᠡᠷᠡ ᠭᠤᠷᠪᠠᠨ ᠠᠩᠭᠢ ᠶ᠋ᠢᠨ ᠡᠵᠡᠳ ᠢ᠋ ᠵᠣᠷᠢᠮᠠᠭ ᠢ᠋ᠶ᠋ᠠᠷ ᠨᠠᠷᠠᠨ ᠬᠠᠭᠠᠨ ᠤ᠋ ᠭᠤᠴᠢᠨ ᠲᠦᠮᠡᠨ ᠴᠡᠷᠢᠭ ᠯᠠᠪ ᠪᠸᠲ᠋ᠠ᠋ ᠤᠯᠤᠰ ᠢ᠋ ᠰᠥᠨᠥᠭᠡᠬᠦ ᠲᠤᠯᠠ ᠡᠳᠦᠭᠡ ᠡᠨᠡ ᠲᠠᠰᠢᠷᠠᠮ ᠳ᠋ᠤᠷ ᠨᠠᠷᠠᠨ ᠬᠠᠭᠠᠨ᠎ᠠ ᠳᠠᠭᠠᠵᠤ ᠬᠠᠭᠤᠴᠢᠨ ᠦᠰ ᠢ᠋ᠶ᠋ᠡᠨ ᠠᠪᠴᠤ ᠤᠯᠤᠰ ᠠᠢᠮᠠᠭ ᠢ᠋ᠶ᠋ᠠᠨ ᠳᠠᠬᠢᠨ ᠪᠠᠢᠭᠤᠯᠰᠤᠭᠠᠢ ᠭᠡᠮᠡᠨ ᠡᠯᠴᠢ ᠢᠯᠡᠭᠡᠵᠦ ᠪᠠᠢᠯᠳᠤᠬᠤ ᠦᠶ᠎ᠡ ᠳ᠋ᠦ᠍ᠷ ᠭᠤᠷᠪᠠᠨ ᠬᠦᠯᠦᠭ ᠲᠠ ᠰᠤᠯᠠ ᠴᠡᠷᠢᠭ ᠦ᠋ᠨ ᠳᠦᠷᠢ ᠪᠡᠷ ᠴᠢᠮᠡᠵᠦ ᠳᠠᠭᠠᠨ ᠣᠷᠣᠭᠠᠳ ᠬᠣᠶᠠᠷ ᠡᠲᠡᠭᠡᠳ ᠦ᠋ᠨ ᠴᠡᠷᠢᠭ ᠦ᠋ᠨ ᠲᠡᠮᠳᠡᠭ ᠬᠦᠷᠦᠮᠡᠭᠴᠡ ᠭᠣᠷᠯᠣᠰ ᠤ᠋ᠨ ᠴᠡᠷᠢᠭ ᠢ᠋ ᠬᠠᠪᠴᠢᠵᠤ ᠪᠠᠢᠯᠳᠤ᠂ ᠮᠠᠰᠢ ᠬᠢᠯᠪᠠᠷ ᠡᠪᠳᠡᠵᠦ ᠪᠣᠯᠤᠮᠤᠢ 》ᠬᠡᠮᠡᠵᠦᠬᠦᠢ᠃ ᠡᠭᠦᠨ ᠳ᠋ᠦ᠍ᠷ ᠪᠤᠭᠤᠷᠵᠢ᠂ ᠪᠤᠭᠤᠷᠤᠯ᠂ ᠴᠢᠯᠠᠭᠤᠨ ᠭᠤᠷᠪᠠᠭᠤᠯᠠ ᠮᠤᠬᠤᠯᠢ ᠶ᠋ᠢᠨ ᠡᠨᠡ ᠮᠡᠲᠦ ᠭᠠᠢᠬᠠᠮᠰᠢᠭ᠍ᠲᠤ ᠠᠷᠭ᠎ᠠ ᠶ᠋ᠢ ᠭᠠᠢᠬᠠᠵᠤ᠂ ᠪᠤᠭᠤᠷᠵᠢ ᠥᠭᠦᠯᠡᠷᠦᠨ:《ᠡᠢᠨ ᠮᠡᠳᠡᠭᠴᠢ ᠮᠤᠬᠤᠯᠢ ᠶ᠋ᠢ ᠪᠢᠳᠡᠨ ᠡᠴᠡ ᠢᠯᠡᠭᠦᠦ ᠡᠷᠭᠦᠪᠡ ᠭᠡᠮᠡᠨ ᠪᠣᠯᠤᠮᠤᠢ ᠤᠤ ? ᠮᠡᠳᠡᠭᠴᠢᠳ ᠰᠠᠶᠢ ᠡᠭᠦᠨ ᠦ᠌ ᠡᠨᠡ ᠠᠷᠭ᠎ᠠ ᠤᠬᠠᠭᠠᠨ ᠪᠣᠳᠣᠯᠭ᠎ᠠ ᠡᠷᠳᠡᠮ ᠢ᠋ ᠦᠵᠡᠵᠦ ᠭᠠᠷᠬᠤ ᠪᠣᠯᠠᠢ᠂ ᠡᠨᠡ ᠮᠡᠲᠦ ᠬᠥᠮᠦᠨ ᠢ᠋ ᠬᠡᠳᠦᠢ ᠡᠮᠦᠨ᠎ᠡ ᠶᠡᠬᠡ ᠰᠥᠩ᠂ ᠠᠯᠲᠠᠨ ᠤᠯᠤᠰ ᠲᠤᠷ ᠴᠤ᠌ ᠶᠠᠭᠤᠨᠠᠢ ᠪᠣᠢ ᠬᠡᠮᠡᠮᠦᠢ !》ᠭᠡᠮᠡᠨ ᠭᠤᠷᠪᠠᠭᠤᠯᠠ ᠰᠠᠯᠤᠯᠴᠠᠵᠤ ᠥᠪᠡᠷ ᠥᠪᠡᠷ ᠦ᠋ᠨ ᠬᠡᠷᠡᠭ ᠲᠡᠭᠡᠨ ᠡᠴᠢᠪᠡ᠃ 
       ᠲᠡᠳᠦᠢ ᠬᠣᠩᠭᠢᠷᠠᠳ ᠤ᠋ᠨ ᠸᠴᠢᠷ ᠰᠡᠴᠡᠨ ᠨᠠᠷ ᠰᠢᠭᠤᠳ ᠪᠢᠴᠢᠭ ᠢ᠋ᠶ᠋ᠡᠨ ᠠᠪᠴᠤ ᠬᠠᠰᠠᠷ ᠤ᠋ᠨ ᠬᠣᠢᠨ᠎ᠠ ᠠ᠋ᠴᠠ ᠨᠡᠬᠡᠨ ᠬᠦᠷᠴᠦ ᠲᠡᠭᠦᠨ ᠳ᠋ᠦ᠍ᠷ ᠤᠴᠠᠷᠠᠭᠠᠳ ᠤᠴᠢᠷ ᠢ᠋ ᠰᠣᠨᠣᠰᠴᠤ ᠬᠡᠷᠡᠭ ᠢ᠋ᠶ᠋ᠡᠨ ᠶᠠᠪᠤᠷ᠎ᠠ ᠡᠴᠢᠪᠡ᠃ ᠲᠠᠢᠽᠦ ᠤᠷᠲᠣᠨ᠎ᠠ ᠡᠭᠡᠵᠦ ᠮᠤᠬᠤᠯᠢ ᠶ᠋ᠢᠨ ᠪᠢᠴᠢᠭ ᠢ᠋ ᠨᠡᠭᠡᠭᠡᠵᠦ ᠡᠳᠡᠭᠡᠷ ᠤᠴᠢᠷ ᠤ᠋ᠨ ᠠᠷᠭ᠎ᠠ ᠮᠡᠬᠡ ᠶ᠋ᠢ ᠦᠵᠡᠭᠡᠳ ᠠᠯᠠᠭ᠎ᠠ ᠬᠠᠮᠲᠤᠳᠬᠠᠨ ᠡᠪᠦᠳᠦᠭ ᠲᠣᠷ ᠢ᠋ᠶ᠋ᠠᠨ ᠳᠠᠷᠤᠵᠤ ᠲᠡᠷᠢᠭᠦᠨ ᠰᠠᠵᠢᠵᠤ ᠮᠦᠰᠢᠶᠡᠨ ᠱᠠᠭᠰᠢᠵᠤ ᠰᠠᠢᠰᠢᠶᠠᠨ᠂ ᠠᠷᠪᠠᠨ ᠬᠣᠨᠣᠭ ᠤ᠋ᠨ ᠡᠴᠦᠰ ᠠᠷᠪᠠᠨ ᠬᠣᠶᠠᠷ ᠲᠦᠮᠡᠨ ᠴᠡᠷᠢᠭ ᠢ᠋ ᠠᠪᠴᠤ ᠪᠤᠬ᠎ᠠ ᠴᠠᠭᠠᠨ ᠬᠠᠭᠠᠨ ᠢ᠋ᠶ᠋ᠠᠷ ᠡᠮᠦᠨ᠎ᠡ ᠵᠠᠮ ᠤᠳᠤᠷᠢᠳᠤᠭᠤᠯᠤᠨ᠂ ᠶᠡᠬᠡ ᠫᠤᠤ ᠨᠢᠭᠡᠨᠲᠡ ᠳᠠᠭᠤᠷᠢᠰᠤᠮᠠᠭᠴᠠ ᠣᠯᠠᠨ ᠴᠡᠷᠢᠭ ᠬᠠᠮᠲᠤ ᠬᠥᠳᠡᠯᠵᠦ ᠰᠣᠯᠣᠩᠭᠣᠰ ᠤ᠋ᠨ ᠵᠦᠭ ᠬᠥᠳᠡᠯᠵᠦ ᠮᠣᠷᠳᠠᠪᠠ᠃ ᠨᠢᠭᠡᠨ ᠡᠳᠦᠷ ᠦ᠋ᠨ ᠵᠠᠮ ᠶᠠᠪᠤᠭᠰᠠᠨ ᠦᠭᠡᠢ ᠬᠠᠰᠠᠷ᠂ ᠪᠡᠯᠭᠦᠳᠡᠢ ᠶ᠋ᠢᠨ ᠳᠣᠣᠷᠠᠬᠢ ᠴᠡᠷᠢᠭ ᠮᠡᠳᠡᠭᠦᠯᠦᠷᠦᠨ :《ᠸᠠᠩᠴᠤᠭ ᠢᠯᠠᠭᠤᠭᠰᠠᠨ ᠬᠣᠶᠠᠭᠤᠯᠠ ᠶ᠋ᠢ ᠪᠠᠷᠢᠵᠤ ᠠᠪᠤᠨ ᠭᠠᠷᠴᠤ ᠢᠷᠡᠭᠡᠳ ᠬᠠᠭᠠᠰ ᠡᠳᠦᠷ ᠦ᠋ᠨ ᠵᠠᠮ ᠶᠠᠪᠤᠭᠰᠠᠨ ᠦᠭᠡᠢ᠂ ᠬᠣᠢᠨ᠎ᠠ ᠠ᠋ᠴᠠ ᠠᠨᠤ ᠬᠡᠳᠦᠨ ᠮᠢᠩᠭᠠᠨ ᠴᠡᠷᠢᠭ ᠬᠥᠭᠡᠭᠡᠵᠦ ᠢᠷᠡᠬᠦᠢ ᠳ᠋ᠦ᠍ᠷ ᠦᠯᠦ ᠲᠡᠩᠴᠡᠬᠦ ᠲᠤᠯᠠ ᠲᠠᠯᠪᠢᠨ ᠶᠠᠪᠤᠭᠤᠯᠪᠠ᠃ ᠲᠡᠳᠡ ᠬᠣᠶᠠᠭᠤᠯᠠ ᠤᠯᠤᠰ ᠲᠤᠷ ᠡᠭᠡᠵᠦ ᠭᠦᠷᠦᠭᠰᠡᠭᠡᠷ ᠬᠠᠷᠢᠶᠠᠲᠤ ᠴᠡᠷᠢᠭ ᠢ᠋ᠶ᠋ᠡᠨ ᠠᠪᠴᠤ ᠨᠠᠷᠠᠨ ᠬᠠᠭᠠᠨ ᠳ᠋ᠤᠷ ᠳᠠᠭᠠᠵᠤᠬᠤᠢ᠃》ᠬᠡᠮᠡᠬᠦᠢ ᠳ᠋ᠦ᠍ᠷ ᠪᠸᠲ᠋ᠠ᠋ ᠤᠯᠤᠰ ᠤ᠋ᠨ ᠵᠠᠩᠵᠤᠨ ᠴᠡᠷᠢᠭ ᠶᠡᠬᠡᠯ᠎ᠡ ᠰᠣᠴᠢᠪᠠ᠃ ᠲᠠᠢᠽᠦ ᠴᠦ᠍ ᠬᠠᠭᠤᠷᠮᠠᠭ ᠢ᠋ᠶ᠋ᠠᠷ ᠠᠭᠤᠷᠯᠠᠬᠤ ᠳᠦᠷᠢᠮ ᠭᠠᠷᠭᠠᠭᠰᠠᠨ ᠳ᠋ᠤᠷ ᠪᠤᠬ᠎ᠠ ᠴᠠᠭᠠᠨ ᠬᠠᠭᠠᠨ ᠤ᠋ ᠴᠢᠷᠠᠢ ᠴᠠᠭᠠᠰᠤ ᠮᠡᠲᠦ ᠪᠣᠯᠪᠠ᠃ ᠲᠡᠳᠦᠢ ᠶᠡᠬᠡ ᠴᠡᠷᠢᠭ ᠬᠡᠷᠡᠢᠳ ᠦ᠋ᠨ ᠵᠠᠬ᠎ᠠ ᠳ᠋ᠤᠷ ᠬᠦᠷᠲᠡᠯ᠎ᠡ ᠰᠣᠯᠤᠩᠭᠤᠸ᠎ᠠ᠂ ᠲᠤᠰᠬᠤ ᠡᠭᠡᠴᠢ ᠳᠡᠭᠦᠦ ᠬᠣᠶᠠᠭᠤᠯᠠ ᠵᠠᠩᠵᠤᠨ ᠴᠡᠷᠢᠭ ᠢ᠋ᠶ᠋ᠡᠨ ᠠᠪᠴᠤ ᠮᠥᠷᠭᠥᠵᠦ ᠤᠭᠲᠤᠪᠠ᠃ ᠪᠤᠬ᠎ᠠ ᠴᠠᠭᠠᠨ ᠬᠠᠭᠠᠨ ᠬᠡᠷᠡᠢᠳ ᠦ᠋ᠨ ᠭᠤᠷᠪᠠᠨ ᠲᠦᠮᠡᠨ ᠴᠡᠷᠢᠭ ᠢ᠋ ᠦᠵᠡᠭᠡᠳ ᠳᠣᠲᠣᠷ᠎ᠠ ᠪᠠᠬᠠᠨ ᠨᠠᠮ ᠪᠣᠯᠪᠠ᠃ ᠠᠷᠪᠠᠭᠠᠳ ᠡᠳᠦᠷ ᠶᠠᠪᠤᠵᠤ ᠰᠤᠯᠤᠩᠭᠤᠳ ᠤ᠋ᠨ ᠵᠠᠬ᠎ᠠ ᠦᠨᠡᠭᠡᠨ ᠮᠥᠷᠡᠨ ᠦ᠌ ᠪᠠᠷᠠᠭᠤᠨ ᠡᠲᠡᠭᠡᠳ ᠭᠤᠴᠢᠨ ᠭᠠᠵᠠᠷ ᠤ᠋ᠨ ᠦᠵᠦᠭᠦᠷ ᠬᠦᠷᠲᠡᠯ᠎ᠡ ᠬᠦᠯᠦᠭ ᠪᠤᠭᠤᠷᠵᠢ᠂ ᠪᠤᠭᠤᠷᠤᠯ ᠬᠣᠶᠠᠭᠤᠯᠠ᠂ ᠸᠠᠩᠭᠥᠪ᠂ ᠨᠠᠢ᠍ᠮᠠᠨ ᠬᠣᠶᠠᠷ ᠠᠢᠮᠠᠭ ᠤ᠋ᠨ ᠡᠵᠡᠨ ᠲᠦᠰᠢᠮᠡᠯ ᠬᠠᠷᠢᠶᠠᠲᠤ ᠵᠠᠩᠵᠤᠨ ᠴᠡᠷᠢᠭ ᠢ᠋ ᠠᠪᠴᠤ ᠮᠥᠷᠭᠥᠵᠦ ᠤᠭᠲᠤᠪᠠ᠃ ᠲᠠᠢᠽᠦ ᠶ᠋ᠢᠨ ᠴᠡᠷᠢᠭ ᠯᠦ᠍ᠭᠡ ᠰᠠᠶᠢ ᠠᠷᠪᠠᠭᠠᠳ ᠲᠦᠮᠡᠨ ᠴᠡᠷᠢᠭ ᠲᠤᠯᠠ ᠪᠤᠬ᠎ᠠ ᠴᠠᠭᠠᠨ ᠬᠠᠭᠠᠨ ᠡᠭᠡᠨᠡᠭᠲᠡ ᠴᠡᠷᠢᠭ ᠴᠥᠭᠡᠨ ᠭᠡᠮᠡᠨ ᠵᠣᠪᠠᠵᠤ ᠪᠠᠰᠠ ᠮᠤᠬᠤᠯᠢ ᠶ᠋ᠢᠨ ᠬᠠᠮᠢᠭᠠᠰᠢ ᠡᠴᠢᠭᠰᠡᠨ ᠢ᠋ ᠪᠠᠰᠠ ᠮᠡᠳᠡᠬᠦ ᠦᠭᠡᠢ ᠳ᠋ᠦ᠍ᠷ ᠲᠠᠢᠽᠦ ᠮᠥᠷᠡᠨ ᠢ᠋ ᠥᠭᠡᠳᠡᠯᠡᠨ ᠳᠥᠷᠪᠡᠨ ᠬᠦᠷᠢᠶ᠎ᠡ ᠪᠠᠭᠤᠵᠤ ᠪᠡᠬᠢᠯᠡᠨ ᠰᠠᠬᠢᠭᠠᠳ ᠪᠠᠢᠯᠳᠤᠬᠤ ᠡᠳᠦᠷ ᠢ᠋ ᠲᠣᠭᠲᠠᠬᠤ ᠶ᠋ᠢ ᠬᠦᠯᠢᠶᠡᠪᠡ᠃ 
       ᠲᠡᠨᠳᠡᠴᠡ ᠦᠭᠡ ᠶ᠋ᠢ ᠬᠡᠳᠦᠨ ᠣᠨ ᠤᠬᠤᠷᠢᠭᠤᠯᠵᠤ ᠭᠣᠷᠯᠣᠰ ᠤᠯᠤᠰ ᠤ᠋ᠨ ᠨᠠᠷᠠᠨ ᠬᠠᠭᠠᠨ ᠤ᠋ ᠤᠴᠢᠷ ᠰᠢᠯᠲᠠᠭᠠᠨ ᠢ᠋ ᠬᠡᠯᠡᠬᠦ ᠢᠨᠤ : ᠡᠨᠡ ᠭᠣᠷᠯᠣᠰ ᠤ᠋ᠨ ᠨᠠᠷᠠᠨ ᠬᠠᠭᠠᠨ ᠬᠡᠮᠡᠭᠴᠢ ᠮᠠᠰᠢ ᠨᠢᠭᠡᠨ ᠪᠠᠭᠠᠲᠤᠷ ᠢᠳᠡᠷᠬᠡᠭ ᠰᠡᠴᠡᠨ ᠬᠤᠷᠴᠠ ᠡᠷ᠎ᠡ ᠪᠥᠯᠥᠭᠡ᠃ ᠤᠯᠤᠰ ᠠᠨᠤ ᠬᠡᠳᠦᠨ ᠮᠢᠩᠭᠠᠨ ᠭᠠᠵᠠᠷ ᠠᠭᠤᠳᠠᠮ᠂ ᠳᠤᠮᠳᠠᠭᠤᠷ ᠠᠨᠤ ᠬᠡᠳᠦᠨ ᠶᠡᠬᠡ ᠮᠥᠷᠡᠨ ᠪᠣᠢ ᠲᠤᠯᠠ ᠬᠥᠮᠦᠨ ᠦ᠌ ᠲᠥᠷᠥᠬᠦ ᠢᠨᠦ ᠨᠡᠯᠢᠶᠡᠳ ᠬᠤᠷᠴᠠ ᠤᠬᠠᠪᠤᠷᠢ ᠲᠠᠢ᠃ ᠡᠨᠡ ᠭᠣᠷᠯᠣᠰ ᠤ᠋ᠨ ᠬᠠᠷᠢᠶᠠᠲᠤ ᠭᠠᠵᠠᠷ ᠲᠤᠷ ᠠᠷᠪᠠᠨ ᠳᠥᠷᠪᠡᠨ ᠬᠣᠲᠠ ᠠᠮᠤᠢ᠂ ᠭᠠᠵᠠᠷ ᠬᠦᠴᠦᠲᠡᠢ᠂ ᠲᠠᠷᠢᠶ᠎ᠠ ᠠᠮᠤ ᠡᠯᠪᠡᠭ᠂ ᠠᠳᠤᠭᠤ ᠮᠠᠯ ᠣᠯᠠᠨ᠂ ᠮᠠᠰᠢ ᠨᠢᠭᠡᠨ ᠪᠠᠶᠠᠯᠢᠭ ᠭᠠᠵᠠᠷ ᠠᠵᠤᠭᠤ᠃ ᠭᠠᠭᠴᠠ ᠠᠷᠤ ᠭᠠᠵᠠᠷ ᠤ᠋ᠨ ᠵᠠᠩ ᠴᠢᠬᠡᠴᠢ ᠪᠠᠭᠠᠲᠤᠷ ᠢ᠋ ᠡᠷᠬᠢᠯᠡᠬᠦ ᠲᠤᠯᠠ ᠠᠪᠠ ᠪᠠ ᠴᠡᠷᠢᠭ ᠲᠦ᠍ᠷ ᠣᠨᠴᠠ ᠤᠯᠤᠰ ᠤ᠋ᠨ ᠡᠵᠡᠨ ᠢᠨᠤ ᠲᠡᠷᠢᠭᠦᠯᠡᠨ ᠡᠰᠡ ᠭᠠᠷᠪᠠᠰᠤ ᠪᠤᠰᠤᠳ ᠠᠨᠤ ᠬᠥᠳᠡᠯᠬᠦ ᠦᠭᠡᠢ᠂ ᠲᠡᠢᠮᠦ ᠶ᠋ᠢᠨ ᠲᠤᠯᠠ ᠡᠵᠡᠨ ᠢᠨᠤ ᠡᠷᠬᠡᠪᠰᠢ ᠪᠡᠶ᠎ᠡ ᠪᠡᠷ ᠲᠡᠷᠢᠭᠦᠯᠡᠨ ᠶᠠᠪᠤᠮᠤᠢ᠃ ᠡᠨᠡ ᠢᠨᠤ ᠨᠡᠩᠳᠡ ᠲᠣᠭᠲᠠᠭᠰᠠᠨ ᠶᠣᠰᠣ ᠠᠵᠤᠭᠤ᠃ ᠤᠷᠢᠳᠠ ᠴᠠᠭᠠᠭᠴᠢᠨ ᠲᠠᠬᠢᠶ᠎ᠠ ᠵᠢᠯ  ᠪᠸᠲ᠋ᠠ᠋ ᠤᠯᠤᠰ ᠤ᠋ᠨ ᠴᠡᠷᠢᠭ ᠢᠷᠡᠵᠦ ᠰᠣᠯᠤᠩᠭᠤᠳ ᠤ᠋ᠨ ᠬᠣᠶᠠᠷ ᠮᠣᠵᠢ ᠶ᠋ᠢ ᠭᠡᠳᠡᠷᠭᠦ ᠪᠠᠢᠯᠳᠤᠨ ᠠᠪᠬᠤᠢ ᠳ᠋ᠤᠷ ᠭᠣᠷᠯᠣᠰ ᠤ᠋ᠨ ᠨᠠᠷᠠᠨ ᠬᠠᠭᠠᠨ ᠣᠭᠲᠣ ᠰᠠᠨᠠᠭᠠᠨ ᠦᠭᠡᠢ ᠪᠠᠢᠭᠰᠠᠨ ᠳᠡᠭᠡᠷ᠎ᠡ ᠴᠡᠷᠢᠭ ᠪᠡᠯᠡᠨ ᠦᠭᠡᠢ ᠲᠤᠯᠠ ᠠᠶᠤᠮᠰᠢᠭ᠋ ᠦᠭᠡᠢ ᠮᠥᠴᠡᠭᠡᠷᠬᠡᠨ ᠴᠢᠳᠠᠭᠰᠠᠨ ᠦᠭᠡᠢ ᠠᠵᠤᠭᠤ᠃ ᠬᠣᠢᠨ᠎ᠠ ᠪᠸᠲ᠋ᠠ᠋ ᠤᠯᠤᠰ ᠤ᠋ᠨ ᠴᠡᠷᠢᠭ ᠡᠭᠡᠭᠰᠡᠨ ᠴᠠᠭ ᠠ᠋ᠴᠠ ᠡᠳᠦᠭᠡ ᠬᠦᠷᠲᠡᠯ᠎ᠡ ᠴᠡᠷᠢᠭ ᠢ᠋ᠶ᠋ᠡᠨ ᠰᠢᠯᠭᠠᠵᠤ ᠨᠡᠮᠡᠨ ᠪᠠᠢᠭᠤᠯᠵᠤ ᠬᠦᠴᠦᠨ ᠢ᠋ᠶ᠋ᠡᠨ ᠬᠦᠷᠦᠯᠴᠡᠭᠦᠯᠵᠦ ᠰᠠᠶᠢ ᠰᠣᠯᠤᠩᠭᠤᠳ ᠢ᠋ ᠪᠠᠢᠯᠳᠤᠷ᠎ᠠ ᠢᠷᠡᠬᠦᠢ ᠳ᠋ᠦ᠍ᠷ ᠲᠡᠭᠦᠨ ᠦ᠌ ᠳᠣᠣᠷ᠎ᠠ ᠨᠠᠢ᠍ᠮᠠᠨ ᠵᠠᠩᠵᠤᠨ ᠪᠣᠢ᠃ ᠲᠡᠷᠢᠭᠦᠨ ᠳ᠋ᠦ᠍ᠷ ᠮᠣᠳᠣᠨ ᠥᠬᠢᠨ᠂ ᠬᠣᠮᠣᠭ᠂ ᠸᠠᠷᠠᠨ᠎ᠠ᠂ ᠪᠣᠷᠣ ᠮᠣᠵᠢ᠂ ᠳᠥᠷᠪᠡᠨ ᠬᠡᠦᠬᠡᠳ᠂ ᠴᠠᠭᠠᠨ ᠦᠷ᠂ ᠬᠥᠪᠴᠢ᠂ ᠥᠨᠳᠥᠷ ᠵᠡᠯ᠎ᠡ ᠡᠨᠡ ᠨᠠᠢ᠍ᠮᠠᠨ ᠵᠠᠩᠵᠤᠨ ᠠᠨᠤ ᠬᠣᠷᠢᠭᠯᠠᠨ ᠥᠭᠦᠯᠡᠷᠦᠨ: 《ᠪᠢᠳᠡ ᠰᠣᠨᠣᠰᠬᠤᠯ᠎ᠠ  ᠪᠸᠲ᠋ᠠ᠋ ᠤᠯᠤᠰ ᠤ᠋ᠨ ᠡᠵᠡᠨ ᠢ᠋ ᠲᠡᠭᠷᠢ ᠳᠠᠬᠢᠨ ᠳᠠᠪᠲᠠᠨ ᠲᠤᠰᠠᠯᠠᠵᠤ ᠪᠣᠷᠣᠭᠠᠨ ᠬᠤᠷ᠎ᠠ ᠰᠠᠯᠬᠢᠨ ᠡᠭᠦᠯᠡ ᠰᠣᠯᠣᠩᠭ᠎ᠠ ᠴᠠᠬᠢᠯᠭᠠᠨ ᠰᠢᠭᠤᠷᠭᠠᠨ ᠴᠠᠰᠤ ᠬᠡᠳᠦ ᠬᠡᠳᠦᠨ ᠤᠳᠠᠭ᠎ᠠ ᠲᠤᠰᠠᠯᠠᠵᠤ᠂ ᠡᠵᠡᠨ ᠲᠦᠰᠢᠮᠡᠯ ᠨᠢᠭᠡᠨ ᠰᠡᠳᠬᠢᠯ ᠨᠢᠭᠡᠨ ᠬᠦᠴᠦᠨ ᠲᠡᠭᠷᠢ ᠭᠠᠵᠠᠷ ᠬᠠᠮᠲᠤ ᠪᠠᠷ ᠵᠢᠳᠬᠦᠬᠦ ᠶ᠋ᠢ ᠦᠵᠡᠬᠦᠯ᠎ᠡ ᠣᠯᠠᠨ ᠤ᠋ ᠲᠡᠭᠷᠢ ᠶ᠋ᠢᠨ ᠬᠥᠪᠡᠭᠦᠨ ᠭᠡᠮᠡᠨ ᠬᠡᠯᠡᠯᠴᠡᠬᠦ ᠢᠨᠦ ᠮᠠᠭᠠᠳ ᠮᠥᠨ᠃ ᠲᠦᠰᠢᠮᠡᠳ ᠪᠢᠳᠡ ᠲᠡᠭᠦᠨ ᠯᠦ᠍ᠭᠡ ᠪᠠᠢᠯᠳᠤᠵᠤ ᠦᠬᠦᠬᠦ ᠡᠴᠡ ᠠᠶᠤᠬᠤ ᠪᠤᠰᠤ᠂ ᠡᠵᠡᠨ ᠳ᠋ᠦ᠍ᠷ ᠵᠣᠪᠠᠯᠠᠩ ᠪᠣᠯᠭᠤᠵᠠᠢ ᠬᠡᠮᠡᠮᠦᠢ᠃ ᠪᠢᠳᠡ ᠪᠠᠭ᠎ᠠ ᠠ᠋ᠴᠠ ᠡᠵᠡᠨ ᠦ᠌ ᠡᠮᠦᠨ᠎ᠡ ᠬᠦᠴᠦᠨ ᠪᠠᠷᠢᠵᠤ ᠵᠢᠳᠬᠦᠭᠡᠳ ᠲᠤᠢᠯ ᠠᠨᠤ ᠦᠬᠦᠬᠦ ᠲᠤᠯᠠ ᠪᠸᠲ᠋ᠠ᠋ ᠤᠯᠤᠰ ᠯᠤᠭ᠎ᠠ ᠪᠠᠢᠯᠳᠤᠨ ᠦᠬᠦᠬᠦ ᠡᠴᠡ ᠠᠶᠤᠬᠤ ᠶᠣᠰᠣ ᠪᠣᠢ ᠤᠤ ? ᠭᠠᠭᠴᠠ ᠲᠡᠭᠷᠢ ᠶ᠋ᠢᠨ ᠲᠥᠷᠥᠭᠦᠯᠦᠭᠰᠡᠨ ᠪᠣᠯᠪᠠᠰᠤ ᠬᠥᠮᠦᠨ ᠠᠷᠢᠯᠭᠠᠵᠤ ᠦᠯᠦ ᠢᠯᠠᠬᠤ ᠪᠣᠯᠠᠢ ! 》ᠭᠡᠮᠡᠨ ᠭᠠᠰᠢᠭᠤᠨ᠎ᠠ ᠬᠣᠷᠢᠭᠯᠠᠵᠤ ᠢᠳᠬᠠᠭᠰᠠᠨ ᠳ᠋ᠤᠷ ᠨᠠᠷᠠᠨ ᠬᠠᠭᠠᠨ ᠶᠡᠬᠡᠯ᠎ᠡ ᠠᠭᠤᠷ ᠲᠥᠷᠥᠵᠦ ᠥᠭᠦᠯᠡᠷᠦᠨ:《ᠲᠠ ᠮᠢᠨᠦ ᠬᠡᠰᠢᠭ ᠢ᠋ ᠨᠢᠭᠡᠨ ᠨᠠᠰᠤᠨ ᠳ᠋ᠤᠷ ᠬᠦᠷᠲᠡᠭᠡᠳ ᠲᠡᠭᠷᠢ ᠶ᠋ᠢᠨ ᠬᠥᠪᠡᠭᠦᠨ ᠡᠴᠡ ᠠᠶᠤᠵᠤᠬᠤᠢ᠃ ᠲᠡᠭᠷᠢ ᠶ᠋ᠢᠨ ᠬᠥᠪᠡᠭᠦᠨ ᠲᠡᠭᠷᠢ ᠶ᠋ᠢᠨ ᠲᠦᠰᠢᠮᠡᠳ ᠲᠡᠭᠡᠨ ᠲᠡᠭᠷᠢ ᠶ᠋ᠢᠨ ᠬᠥᠪᠡᠭᠦᠨ᠂ ᠳᠣᠣᠷᠠᠲᠤ ᠲᠠᠨ ᠳ᠋ᠤᠷ ᠶᠠᠭᠤᠨ ᠤ᠋ ᠲᠡᠭᠷᠢ ᠶ᠋ᠢᠨ ᠬᠥᠪᠡᠭᠦᠨ᠂ ᠦᠬᠦᠪᠡᠰᠦ ᠮᠢᠨᠦ ᠦᠢᠯᠡ᠂ ᠠᠮᠢᠳᠤᠷᠠᠪᠠᠰᠤ ᠮᠢᠨᠦ ᠵᠠᠶᠠᠭ᠎ᠠ᠂ ᠲᠠ ᠨᠢᠭᠡᠨᠲᠡ ᠠᠶᠤᠬᠤ ᠲᠤᠯᠠ ᠲᠠᠨ ᠢ᠋ ᠴᠥᠮ ᠪᠠᠷᠢᠵᠤ ᠳ᠋ᠠᠮ ᠨᠢᠷᠤᠭᠤ ᠶ᠋ᠢ ᠨᠠᠢ᠍ᠮᠠ ᠴᠤᠭᠤᠯᠤᠨ ᠨᠠᠢ᠍ᠮᠠᠭᠤᠯᠠ ᠶ᠋ᠢ ᠨᠢᠭᠡᠨ ᠨᠢᠷᠤᠭᠤᠨ ᠳ᠋ᠤᠷ ᠳᠥᠩᠭᠡᠯᠡᠭᠡᠳ ᠭᠢᠨᠳᠠᠨ ᠳ᠋ᠤᠷ ᠬᠣᠷᠢᠰᠤᠭᠠᠢ !》ᠭᠡᠮᠡᠨ ᠬᠣᠷᠢᠭᠤᠯᠵᠤ᠂ ᠬᠣᠶᠠᠷ ᠵᠠᠭᠤᠨ ᠴᠡᠷᠢᠭ ᠢ᠋ᠶ᠋ᠡᠷ ᠰᠠᠬᠢᠭᠤᠯᠵᠤ᠂ ᠥᠪᠡᠷ ᠢ᠋ᠶ᠋ᠡᠨ ᠶᠡᠬᠡ ᠴᠡᠷᠢᠭ ᠢ᠋ ᠳᠠᠭᠠᠭᠠᠵᠤ᠂ ᠠᠷᠪᠠᠨ ᠳᠣᠯᠣᠭᠠᠨ ᠨᠠᠰᠤ ᠲᠠᠢ ᠴᠡᠷᠢᠭ ᠦ᠋ᠨ ᠡᠷᠳᠡᠮᠲᠦ ᠠᠮᠠᠷᠠᠭ ᠡᠮ᠎ᠡ ᠥᠩᠭᠡᠲᠦ ᠬᠦᠷᠢ ᠪᠡᠷ ᠰᠡᠭᠦᠯ ᠦ᠋ᠨ ᠴᠡᠷᠢᠭ ᠢ᠋ᠶ᠋ᠡᠨ ᠳᠠᠭᠠᠭᠠᠯᠭᠠᠨ᠂ ᠬᠣᠷᠢᠨ ᠲᠦᠮᠡᠨ ᠶᠡᠬᠡ ᠴᠡᠷᠢᠭ ᠢ᠋ᠶ᠋ᠡᠷ ᠬᠠᠭᠠᠰ ᠰᠠᠷ᠎ᠠ ᠶ᠋ᠢᠨ ᠬᠣᠭᠣᠷᠣᠨᠳᠣ ᠰᠣᠯᠣᠩᠭᠤᠤᠨ ᠲᠠᠪᠤᠨ ᠮᠣᠵᠢ ᠶ᠋ᠢ ᠠᠯᠠᠭ᠎ᠠ ᠤᠷᠪᠠᠭᠤᠯᠬᠤ ᠮᠡᠲᠦ ᠣᠯᠵᠤ ᠰᠠᠶᠢ ᠬᠥᠮᠦᠨ ᠢᠯᠡᠭᠡᠵᠦ ᠬᠣᠷᠢᠭᠰᠠᠨ ᠨᠠᠢ᠍ᠮᠠᠨ ᠵᠠᠩᠵᠤᠨ ᠢ᠋ᠶ᠋ᠡᠨ ᠬᠣᠷᠢᠭᠤᠯ ᠲᠡᠷᠭᠡᠨ ᠳ᠋ᠦ᠍ ᠬᠣᠷᠢᠭᠤᠯᠤᠨ ᠠᠪᠴᠢᠷᠠᠵᠤ᠂ ᠰᠣᠯᠤᠩᠭᠤᠳ ᠤ᠋ᠨ ᠲᠠᠪᠤᠨ ᠮᠣᠵᠢ ᠶ᠋ᠢ ᠲᠣᠭᠣᠷᠢᠭᠤᠯᠤᠨ ᠦᠵᠡᠬᠦᠯᠭᠦᠢ ᠳ᠋ᠦ᠍ᠷ ᠰᠠᠨᠠᠮᠰᠠᠷ ᠦᠭᠡᠢ ᠪᠦᠲᠦᠨ᠎ᠡ ᠶ᠋ᠢᠨ ᠢᠯᠠᠭᠤᠭᠰᠠᠨ᠂ ᠵᠠᠷᠤᠳ ᠤ᠋ᠨ ᠸᠠᠩᠴᠤᠭ ᠬᠠᠨ ᠬᠣᠶᠠᠭᠤᠯᠠ ᠤᠯᠤᠰ ᠤ᠋ᠨ ᠴᠡᠷᠢᠭ ᠵᠢᠷᠭᠤᠭᠠᠨ ᠲᠦᠮᠡᠨ ᠢᠯᠡᠭᠦᠦ ᠪᠡᠨ ᠠᠪᠴᠤ ᠳᠠᠭᠠᠷ᠎ᠠ ᠢᠷᠡᠭᠰᠡᠨ ᠳ᠋ᠦ᠍ᠷ ᠨᠠᠷᠠᠨ ᠬᠠᠭᠠᠨ ᠶᠡᠬᠡ ᠯᠡ ᠪᠠᠶᠠᠷᠯᠠᠨ ᠠᠰᠠᠭᠤᠷᠤᠨ :《ᠲᠠᠨ ᠢ᠋ ᠰᠣᠨᠣᠰᠬᠤᠯ᠎ᠠ ᠴᠥᠮ ᠪᠸᠲ᠋ᠠ᠋ ᠤᠯᠤᠰ ᠲᠤᠷ ᠳᠠᠭᠠᠪᠠ ᠬᠡᠮᠡᠭᠰᠡᠨ ᠢᠨᠦ ᠡᠳᠦᠭᠡ ᠬᠡᠷᠬᠢᠨ ᠨᠠᠳᠠ ᠳ᠋ᠤᠷ ᠳᠠᠭᠠᠷ᠎ᠠ ᠢᠷᠡᠪᠡ ? 》ᠢᠯᠠᠭᠤᠭᠰᠠᠨ ᠥᠭᠦᠯᠡᠷᠦᠨ :《ᠬᠥᠮᠦᠨ ᠦ᠌ ᠪᠡᠶ᠎ᠡ ᠶ᠋ᠢ ᠠᠪᠤᠭᠰᠠᠨ ᠲᠤᠯᠠ ᠦᠬᠦᠬᠦ ᠡᠴᠡ ᠠᠶᠤᠮᠤᠢ᠂ ᠪᠦᠦ ᠦᠬᠦᠰᠦᠭᠡᠢ ᠬᠡᠮᠡᠬᠦᠯ᠎ᠡ ᠬᠦᠴᠦᠨ ᠬᠦᠷᠦᠯᠴᠡᠬᠦ ᠦᠭᠡᠢ᠂ ᠬᠦᠴᠦᠨ ᠡᠰᠡ ᠬᠦᠷᠦᠯᠴᠡᠪᠡᠰᠦ ᠦᠬᠦᠬᠦ ᠢᠨᠤ ᠡᠭᠡᠨᠡᠭᠲᠡ ᠲᠣᠭᠲᠠᠭᠰᠠᠨ ᠬᠡᠷᠡᠭ ᠪᠣᠯᠠᠢ᠃ 》ᠸᠠᠩᠴᠤᠭ ᠥᠭᠦᠯᠡᠷᠦᠨ:《ᠤᠯᠤᠰ ᠢ᠋ ᠮᠢᠨᠦ ᠪᠠᠷᠠᠲᠠᠯ᠎ᠠ ᠡᠵᠡᠯᠡᠭᠡᠳ ᠥᠬᠢᠨ ᠢ᠋ᠶ᠋ᠡᠨ ᠥᠭᠴᠦ ᠪᠠᠢᠲᠠᠯ᠎ᠠ ᠥᠬᠢᠨ ᠢ᠋ ᠮᠢᠨᠦ ᠠᠯᠠᠵᠤ ᠡᠴᠦᠰ ᠲᠦ᠍ᠷ ᠦᠬᠦᠬᠦ ᠡᠴᠡ ᠠᠶᠤᠭᠰᠠᠨ ᠪᠥᠯᠥᠭᠡ᠂ ᠡᠳᠦᠭᠡ ᠶᠡᠬᠡ ᠬᠠᠭᠠᠨ ᠭᠤᠴᠢᠨ ᠲᠦᠮᠡᠨ ᠴᠡᠷᠢᠭ ᠢ᠋ᠶ᠋ᠡᠷ ᠠᠢᠰᠤᠢ ᠬᠡᠮᠡᠬᠦ ᠶ᠋ᠢ ᠪᠢᠳᠡᠨ ᠦ᠌ ᠪᠤᠲᠠᠷᠠᠭᠳᠠᠭᠰᠠᠨ ᠤᠯᠤᠰ ᠴᠥᠮ ᠪᠠᠶᠠᠷᠯᠠᠨ᠂ ᠡᠪᠦᠯ ᠦ᠋ᠨ ᠴᠠᠭ ᠨᠠᠷᠠᠨ ᠤ᠋ ᠢᠯᠴᠢ ᠶ᠋ᠢ ᠡᠷᠢᠬᠦ ᠠᠳᠠᠯᠢ ᠬᠦᠰᠡᠵᠦ ᠪᠠᠢᠭᠰᠠᠨ ᠪᠥᠯᠥᠭᠡ᠃ ᠡᠳᠦᠭᠡ ᠨᠢᠭᠡᠨᠲᠡ ᠬᠦᠷᠴᠦ ᠢᠷᠡᠭᠰᠡᠨ ᠲᠤᠯᠠ ᠣᠳᠣ ᠡᠰᠡ ᠢᠷᠡᠬᠦᠢ ᠳ᠋ᠦ᠍ᠷ ᠲᠦᠪᠳᠡᠬᠦ ᠦᠭᠡᠢ ᠲᠤᠯᠠ ᠭᠡᠷ ᠦ᠋ᠨ ᠠᠮᠠᠨ ᠢ᠋ᠶ᠋ᠠᠨ ᠠᠪᠴᠤ ᠤᠯᠤᠰ ᠢ᠋ᠶ᠋ᠠᠨ ᠣᠷᠬᠢᠭᠠᠳ᠂ ᠤᠷᠭᠤᠨ ᠢᠷᠡᠪᠡ᠃ ᠨᠡᠩ ᠪᠠᠰᠠ ᠬᠡᠷᠡᠢᠳ᠂ ᠨᠠᠢ᠍ᠮᠠᠨ᠂ ᠸᠠᠩᠭᠥᠪ ᠦ᠋ᠨ ᠬᠦᠰᠡᠬᠦ ᠢᠨᠦ ᠨᠡᠩ ᠬᠡᠴᠡᠭᠦᠦ᠂ ᠭᠠᠭᠴᠠ ᠪᠸᠲ᠋ᠠ᠋ ᠤᠯᠤᠰ ᠤ᠋ᠨ ᠴᠡᠷᠢᠭ ᠡᠴᠡ ᠰᠠᠯᠤᠨ ᠴᠢᠳᠠᠬᠤ ᠦᠭᠡᠢ ᠠᠮᠤᠢ᠃ ᠭᠡᠨᠡᠳᠲᠡ ᠰᠠᠯᠰᠤᠭᠠᠢ ᠬᠡᠮᠡᠬᠦᠯ᠎ᠡ᠂ ᠶᠡᠬᠡ ᠬᠠᠭᠠᠨ ᠳ᠋ᠤᠷ ᠲᠤᠰᠠ ᠪᠣᠯᠬᠤ ᠦᠭᠡᠢ ᠡᠴᠡ ᠪᠡᠨ ᠵᠣᠪᠠᠨᠢᠵᠤ ᠤᠷᠢᠳᠠ ᠪᠢᠳᠡᠨ ᠢ᠋ᠶ᠋ᠡᠷ ᠵᠠᠬᠢᠶ᠎ᠠ ᠢᠷᠡᠭᠦᠯᠪᠡ᠃ 》 ᠬᠡᠮᠡᠭᠰᠡᠨ ᠳ᠋ᠦ᠍ᠷ ᠨᠠᠷᠠᠨ ᠬᠠᠭᠠᠨ ᠥᠭᠦᠯᠡᠷᠦᠨ:《ᠬᠣᠶᠠᠷ ᠡᠲᠡᠭᠡᠳ ᠴᠡᠷᠢᠭ ᠪᠠᠢᠯᠳᠤᠬᠤᠢ ᠳ᠋ᠤᠷ ᠡᠨᠡ ᠮᠡᠲᠦ ᠤᠷᠪᠠᠬᠤ ᠶ᠋ᠢ ᠴᠡᠭᠡᠷᠯᠡᠪᠡᠰᠦ ᠵᠣᠬᠢᠮᠤᠢ᠂ ᠭᠠᠭᠴᠠ ᠪᠣᠳᠣᠪᠠᠰᠤ ᠡᠨᠡ ᠬᠡᠳᠦᠨ ᠵᠢᠯ ᠪᠸᠲ᠋ᠠ᠋ ᠤᠯᠤᠰ ᠤ᠋ᠨ ᠡᠵᠡᠨ ᠲᠠᠨ ᠤ᠋ ᠡᠨᠡ ᠬᠡᠳᠦᠨ ᠥᠴᠦᠬᠡᠨ ᠤᠯᠤᠰ ᠢ᠋ ᠬᠤᠷᠢᠶᠠᠮᠵᠢᠯᠠᠭᠰᠠᠨ ᠠᠨᠤ ᠦᠨᠡᠬᠡᠷ ᠮᠠᠰᠢ ᠭᠠᠰᠢᠭᠤᠨ ᠠᠨᠤ ᠦᠨᠡᠨ ᠪᠣᠯᠠᠢ᠃ ᠲᠡᠳᠡ ᠬᠡᠷᠪᠡ ᠨᠠᠳᠠ ᠳ᠋ᠤᠷ ᠳᠠᠭᠠᠪᠠᠰᠤ ᠭᠡᠷ ᠡᠷᠦᠬᠡ ᠢᠨᠤ ᠬᠡᠷᠬᠢᠨ ᠢᠷᠡᠮᠦᠢ ? 》ᠢᠯᠠᠭᠤᠭᠰᠠᠨ ᠥᠭᠦᠯᠡᠷᠦᠨ:《ᠬᠡᠷᠪᠡ ᠡᠨᠳᠡ ᠬᠦᠯᠢᠶᠡᠨ ᠠᠪᠤᠪᠠᠰᠤ ᠳᠠᠷᠤᠢ ᠬᠥᠮᠦᠨ ᠢᠯᠡᠭᠡᠵᠦ ᠤᠷᠢᠳᠠ ᠭᠡᠷ ᠡᠷᠦᠬᠡ ᠪᠡᠨ ᠬᠦᠷᠭᠡᠵᠦ ᠬᠣᠢᠨ᠎ᠠ ᠰᠠᠶᠢ ᠤᠷᠭᠤᠵᠤ ᠢᠷᠡᠮᠦᠢ ᠬᠡᠮᠡᠮᠦᠢ᠃》ᠡᠭᠦᠨ ᠳ᠋ᠦ᠍ᠷ ᠨᠠᠷᠠᠨ ᠬᠠᠭᠠᠨ ᠥᠭᠦᠯᠡᠷᠦᠨ :《ᠲᠡᠢᠨ ᠪᠣᠯᠪᠠᠰᠤ ᠬᠠᠷᠢᠭᠤ ᠮᠡᠳᠡᠭᠡ ᠢᠯᠡᠭᠡ᠂ ᠪᠢ ᠳᠠᠷᠤᠢ ᠠᠭᠤᠭᠤᠯᠰᠤᠭᠠᠢ᠂ ᠮᠢᠨᠦ ᠭᠤᠴᠢᠨ ᠲᠦᠮᠡᠨ ᠳ᠋ᠦ᠍ᠷ ᠲᠠᠨ ᠤ᠋ ᠵᠢᠷᠭᠤᠭᠠᠨ ᠲᠦᠮᠡᠨ – ᠪᠠᠰᠠ ᠸᠠᠩᠭᠥᠪ ᠂ ᠬᠡᠷᠡᠢᠳ᠂ ᠨᠠᠢ᠍ᠮᠠᠨ ᠤ᠋ ᠡᠨᠡ ᠭᠤᠷᠪᠠᠨ ᠠᠢᠮᠠᠭ ᠤ᠋ᠨ ᠶᠢᠰᠦᠨ ᠲᠦᠮᠡᠨ ᠠᠪᠠᠰᠤ ᠨᠡᠢᠲᠡ ᠳᠥᠴᠢᠨ ᠲᠦᠮᠡᠨ ᠢᠯᠡᠭᠦᠦ ᠴᠡᠷᠢᠭ᠂ ᠪᠸᠲ᠋ᠠ᠋ ᠤᠯᠤᠰ ᠢ᠋ ᠦᠯᠦ ᠰᠥᠨᠥᠬᠦ ᠡᠴᠡ ᠣᠳᠣ ᠵᠣᠪᠠᠬᠤ ᠦᠭᠡᠢ᠂ ᠴᠡᠷᠢᠭ ᠦ᠋ᠨ ᠬᠦᠨᠡᠰᠦ ᠡᠨᠡ ᠰᠤᠯᠤᠩᠭᠤᠳ ᠤ᠋ᠨ ᠲᠠᠪᠤᠨ ᠮᠣᠵᠢ ᠳᠤᠷ᠎ᠠ ᠪᠠᠷ ᠭᠤᠷᠪᠠᠨ ᠵᠢᠯ ᠲᠡᠵᠢᠭᠡᠵᠦ ᠭᠦᠢᠴᠡᠮᠦᠢ᠃ 》ᠬᠡᠮᠡᠵᠦ ᠪᠣᠯᠵᠣᠭ᠎ᠠ ᠬᠡᠯᠡᠯᠴᠡᠷ᠎ᠡ ᠬᠥᠮᠦᠨ ᠢᠯᠡᠭᠡᠪᠡ᠃ 
       ᠲᠡᠳᠦᠢ ᠡᠴᠢᠭᠰᠡᠨ ᠬᠥᠮᠦᠨ ᠥᠭᠦᠯᠡᠷᠦᠨ : 《ᠬᠡᠷᠡᠢᠳ ᠦ᠋ᠨ ᠲᠤᠰᠬᠤ᠂ ᠰᠣᠯᠤᠩᠭᠤᠸ᠎ᠠ ᠨᠠᠷ ᠨᠢᠭᠡᠨ ᠭᠡᠷ ᠢ᠋ᠶ᠋ᠡᠷ ᠢ᠋ᠶ᠋ᠡᠨ ᠢᠷᠡᠵᠦᠬᠦᠢ᠃ ᠭᠠᠭᠴᠠ ᠸᠠᠩᠭᠥᠪ ᠦ᠋ᠨ ᠨᠢᠭᠡᠨ ᠠᠢᠮᠠᠭ ᠪᠠ ᠠᠯᠲᠠᠨᠱᠠᠭ᠎ᠠ ᠶ᠋ᠢᠨ ᠨᠢᠭᠡᠨ ᠠᠢᠮᠠᠭ ᠤ᠋ᠨ ᠭᠡᠷ ᠦ᠋ᠨ ᠠᠮᠠᠨ ᠢ᠋ᠶ᠋ᠠᠨ ᠠᠪᠤᠭᠤᠯᠤᠷ᠎ᠠ ᠢᠯᠡᠭᠡᠵᠦᠬᠦᠢ᠃ ᠲᠡᠢᠨ ᠬᠦ᠌ ᠬᠡᠳᠦᠨ ᠡᠳᠦᠷ ᠲᠣᠷ ᠡᠮᠦᠨ᠎ᠡ ᠵᠠᠮ ᠢ᠋ᠶ᠋ᠠᠷ ᠤᠯᠤᠰ ᠲᠤᠷ ᠣᠷᠣᠭᠰᠠᠨ ᠬᠣᠢᠨ᠎ᠠ ᠮᠡᠳᠡᠭᠡ ᠶ᠋ᠢ ᠰᠣᠨᠣᠰᠴᠤ ᠢᠷᠡᠰᠦᠭᠡᠢ ᠬᠡᠮᠡᠮᠦᠢ᠂ ᠣᠳᠣ ᠨᠥᠭᠥᠭᠡᠳᠦᠷ ᠬᠣᠶᠠᠷ ᠡᠲᠡᠭᠡᠳ ᠬᠠᠷᠢᠯᠴᠠᠨ ᠪᠠᠢᠯᠳᠤᠬᠤ ᠲᠤᠯᠠ ᠴᠢᠳᠠᠬᠤᠯ᠎ᠠ ᠨᠥᠭᠥᠭᠡᠳᠦᠷ ᠦ᠋ᠨ ᠪᠠᠢᠯᠳᠤᠭᠠᠨ ᠳ᠋ᠤᠷ ᠡᠳᠡᠬᠢ ᠴᠡᠷᠢᠭ ᠢ᠋ ᠬᠠᠭᠤᠷᠮᠠᠭ ᠢ᠋ᠶ᠋ᠠᠷ ᠳᠠᠷᠤᠭᠳᠠᠭᠴᠢ ᠪᠣᠯᠤᠨ ᠳᠤᠲᠠᠭᠠᠪᠠᠰᠤ ᠢᠷᠡᠵᠦ ᠬᠡᠯᠡᠯᠴᠡᠬᠦᠢ ᠳ᠋ᠦ᠍ᠷ ᠰᠠᠢᠨ ᠪᠣᠯᠠᠢ 》ᠭᠡᠮᠡᠨ ᠬᠡᠯᠡᠵᠦ ᠢᠯᠡᠭᠡᠪᠡ᠃ 
       ᠨᠠᠷᠠᠨ ᠬᠠᠭᠠᠨ ᠲᠠᠢᠽᠦ ᠶ᠋ᠢᠨ ᠴᠡᠷᠢᠭ ᠢ᠋ ᠠᠰᠠᠭᠤᠪᠠᠰᠤ ᠬᠡᠯᠡᠬᠦ ᠢᠨᠤ :《ᠪᠸᠲ᠋ᠠ᠋ ᠤᠯᠤᠰ ᠤ᠋ᠨ ᠬᠣᠪᠢᠨ ᠤ᠋ ᠴᠡᠷᠢᠭ ᠬᠣᠶᠠᠷ ᠲᠦᠮᠡᠨ ᠡᠴᠡ ᠬᠡᠲᠦᠷᠡᠬᠦ ᠦᠭᠡᠢ᠂ ᠴᠥᠮ ᠭᠠᠳᠠᠨ᠎ᠠ ᠤᠯᠤᠰ ᠤ᠋ᠨ ᠴᠡᠷᠢᠭ ᠢ᠋ ᠳᠠᠭᠠᠭᠤᠯᠤᠨ ᠢᠷᠡᠵᠦᠬᠦᠢ᠃》ᠬᠡᠮᠡᠬᠦᠢ ᠳ᠋ᠦ᠍ᠷ ᠨᠠᠷᠠᠨ ᠬᠠᠭᠠᠨ ᠶᠡᠬᠡᠯ᠎ᠡ ᠪᠠᠶᠠᠷᠯᠠᠵᠤ᠂ ᠳᠠᠷᠤᠢ ᠢᠯᠠᠭᠤᠭᠰᠠᠨ ᠳ᠋ᠤᠷ ᠬᠠᠷᠢᠵᠤ ᠢᠷᠡᠬᠦ ᠡᠳᠦᠷ ᠢ᠋ ᠪᠣᠯᠵᠣᠭᠤᠯᠪᠠᠰᠤ ᠨᠠᠢ᠍ᠮᠠᠨ ᠬᠡᠷᠡᠢᠳ ᠸᠠᠩᠭᠥᠪ ᠭᠤᠷᠪᠠᠨ ᠠᠢᠮᠠᠭ ᠴᠥᠮ :《ᠪᠠᠢᠯᠳᠤᠭᠠᠨ ᠤ᠋ ᠦᠶ᠎ᠡ ᠳ᠋ᠦ᠍ᠷ ᠪᠣᠯᠰᠤᠭᠠᠢ᠂ ᠭᠠᠭᠴᠠ ᠮᠠᠨ ᠤ᠋ ᠴᠡᠷᠢᠭ ᠤᠰᠤ ᠭᠡᠲᠦᠯᠦᠭᠰᠡᠨ᠎ᠡ᠂ ᠪᠸᠲ᠋ᠠ᠋ ᠤᠯᠤᠰ ᠪᠠᠰᠠ ᠡᠨᠳᠡ ᠬᠣᠪᠣᠯ ᠮᠥᠷᠡᠨ ᠢ᠋ ᠭᠡᠲᠦᠯᠵᠦ ᠭᠠᠷᠪᠠᠰᠤ ᠡᠭᠡᠬᠦ ᠵᠠᠮ ᠦᠭᠡᠢ ᠪᠥᠭᠡᠳ ᠬᠦᠨᠡᠰᠦ ᠪᠠᠰᠠ ᠦᠭᠡᠢ ᠲᠤᠯᠠ ᠪᠠᠢᠯᠳᠤᠬᠤ ᠠᠨᠤ ᠴᠢᠭᠢᠷᠠᠭ ᠪᠣᠯᠤᠮᠤᠢ᠃ ᠪᠣᠳᠣᠪᠠᠰᠤ ᠶᠡᠬᠡ ᠬᠠᠭᠠᠨ ᠴᠡᠷᠢᠭ ᠢ᠋ ᠱᠠᠭᠠᠷᠳᠠᠵᠤ ᠰᠥᠨᠢ ᠪᠡᠷ ᠣᠩᠭᠣᠴᠠᠨ ᠢ᠋ᠶ᠋ᠠᠷ ᠮᠥᠷᠡᠨ ᠭᠡᠲᠦᠯᠵᠦ᠂ ᠪᠸᠲ᠋ᠠ᠋ ᠤᠯᠤᠰ ᠤ᠋ᠨ ᠬᠦᠷᠢᠶ᠎ᠡ ᠶ᠋ᠢ ᠳᠠᠷᠤᠪᠠᠰᠤ ᠮᠠᠨ ᠤ᠋ ᠲᠤᠰᠠᠯᠠᠬᠤᠢ ᠳ᠋ᠤᠷ ᠮᠠᠰᠢ ᠳᠥᠭᠥᠮ ᠪᠥᠭᠡᠳ ᠨᠢᠭᠡᠨ ᠢᠨᠦ ᠠᠷᠪᠠᠨ ᠳ᠋ᠤᠷ ᠲᠡᠩᠴᠡᠮᠦᠢ ᠭᠡᠮᠡᠨ ᠮᠠᠨ ᠯᠤᠭ᠎ᠠ ᠪᠣᠯᠵᠣᠭᠰᠠᠨ ᠴᠡᠷᠢᠭ ᠯᠤᠭᠡ ᠪᠡᠨ ᠨᠡᠢᠯᠡᠪᠡᠰᠦ ᠨᠡᠢᠲᠡ ᠳᠥᠴᠢᠨ ᠲᠦᠮᠡᠨ ᠢᠯᠡᠭᠦᠦ ᠲᠤᠯᠠ ᠬᠣᠶᠠᠷ ᠲᠦᠮᠡᠨ ᠴᠡᠷᠢᠭ ᠦ᠋ᠨ ᠬᠦᠷᠢᠶ᠎ᠡ ᠶ᠋ᠢ ᠰᠢᠭᠤᠳ ᠳᠠᠷᠤᠨ ᠭᠢᠰᠬᠢᠬᠦ ᠪᠣᠯᠠᠢ ! 》 ᠬᠡᠮᠡᠭᠰᠡᠨ ᠳ᠋ᠦ᠍ᠷ ᠨᠠᠷᠠᠨ ᠬᠠᠭᠠᠨ :《ᠡᠨᠡ ᠮᠥᠨ ᠨᠢᠭᠡᠨ ᠳᠥᠭᠥᠮ ᠠᠷᠭ᠎ᠠ 》ᠭᠡᠮᠡᠨ ᠵᠤᠯᠠ ᠰᠢᠲᠠᠭᠠᠮᠠᠭᠴᠠ ᠪᠤᠯᠢᠶᠠᠨ ᠠᠪᠤᠭᠰᠠᠨ ᠵᠠᠭᠤᠨ ᠢᠯᠡᠭᠦᠦ ᠪᠠᠭ᠎ᠠ ᠣᠩᠭᠣᠴᠠ ᠪᠠᠷ ᠣᠯᠠᠨ ᠴᠡᠷᠢᠭ ᠢ᠋ ᠭᠡᠲᠦᠯᠦᠭᠦᠯᠵᠦ᠂ ᠰᠡᠭᠦᠯ ᠦ᠋ᠨ ᠴᠡᠷᠢᠭ ᠨᠠᠷᠠᠨ ᠭᠠᠷᠲᠠᠯ᠎ᠠ ᠰᠠᠶᠢ ᠴᠥᠮ ᠭᠡᠲᠦᠯᠦᠨ ᠭᠠᠷᠴᠤ ᠢᠷᠡᠪᠡ᠃ ᠰᠡᠭᠦᠯ ᠦ᠋ᠨ ᠴᠡᠷᠢᠭ ᠢ᠋ ᠡᠮ᠎ᠡ ᠢᠨᠤ ᠥᠩᠭᠡᠲᠦ ᠬᠦᠷᠢ ᠵᠠᠬᠢᠷᠬᠤ ᠲᠤᠯᠠ ᠴᠡᠷᠢᠭ ᠪᠦᠭᠦᠳᠡ ᠪᠠᠭᠤᠨ ᠲᠣᠭᠲᠠᠭᠠᠳ ᠣᠩᠭᠣᠴᠠ ᠶ᠋ᠢ ᠮᠥᠷᠡᠨ ᠦ᠌ ᠣᠢᠷ᠎ᠠ ᠪᠣᠯᠭᠠᠵᠤᠬᠤᠢ᠃ 
       ᠲᠡᠳᠦᠢ ᠬᠣᠶᠠᠳᠤᠭᠠᠷ ᠡᠳᠦᠷ ᠶᠡᠬᠡ ᠮᠥᠷᠡᠨ ᠦ᠌ ᠵᠠᠬ᠎ᠠ ᠳ᠋ᠤᠷ ᠯᠤᠤ ᠴᠠᠭ ᠤ᠋ᠨ ᠡᠴᠦᠰ ᠴᠡᠷᠢᠭ ᠢ᠋ ᠵᠢᠭᠰᠠᠭᠠᠵᠤ᠂ ᠮᠣᠷᠢᠨ ᠴᠠᠭ ᠤ᠋ᠨ ᠡᠬᠢᠨ ᠳ᠋ᠦ᠍ᠷ ᠨᠠᠷᠠᠨ ᠬᠠᠭᠠᠨ ᠤ᠋ ᠴᠡᠷᠢᠭ ᠲᠠᠢᠽᠦ ᠶ᠋ᠢᠨ ᠲᠥᠪ ᠦ᠋ᠨ ᠴᠡᠷᠢᠭ ᠲᠦ᠍ᠷ ᠲᠤᠯᠵᠤ᠂ ᠨᠠᠷᠠᠨ ᠬᠠᠭᠠᠨ ᠵᠢᠭᠰᠠᠭᠠᠯ ᠤ᠋ᠨ ᠡᠮᠦᠨ᠎ᠡ ᠭᠠᠷᠤᠨ ᠪᠸᠲ᠋ᠠ᠋ ᠤᠯᠤᠰ ᠤ᠋ᠨ ᠡᠵᠡᠨ ᠢ᠋ ᠭᠠᠷᠴᠤ ᠶᠠᠯ᠎ᠠ ᠰᠣᠨᠣᠰ ᠬᠡᠮᠡᠬᠦᠢ ᠳ᠋ᠦ᠍ᠷ ᠲᠠᠢᠽᠦ ᠶ᠋ᠢᠨ ᠲᠤᠭ ᠬᠥᠳᠡᠯᠦᠮᠡᠭᠴᠡ ᠬᠠᠭᠠᠯᠭ᠎ᠠ ᠨᠡᠭᠡᠭᠡᠵᠦ ᠬᠣᠶᠠᠷ ᠬᠠᠵᠠᠭᠤᠳᠠ ᠠᠷᠪᠠᠨ ᠵᠠᠩᠵᠤᠨ ᠠᠨᠤ ᠵᠢᠭᠰᠠᠭᠠᠵᠤ ᠤᠯᠠᠭᠠᠨ ᠰᠢᠬᠦᠷ ᠬᠥᠳᠡᠯᠵᠦ᠂ ᠲᠠᠢᠽᠦ ᠵᠢᠭᠰᠠᠭᠠᠯ ᠤ᠋ᠨ ᠡᠮᠦᠨ᠎ᠡ ᠭᠠᠷᠴᠤ ᠢᠷᠡᠪᠡ᠃ ᠦᠵᠡᠪᠡᠰᠦ ᠴᠠᠭᠠᠨ ᠰᠠᠷᠠᠯ ᠯᠤᠤ ᠶ᠋ᠢᠨ ᠮᠣᠷᠢ ᠤᠨᠤᠵᠤ᠂ ᠴᠢᠷᠠᠢ ᠶ᠋ᠢᠨ ᠥᠩᠭᠡ ᠵᠤᠨ ᠤ᠋ ᠨᠠᠷᠠᠨ ᠮᠡᠲᠦ᠂ ᠨᠢᠳᠦᠨ ᠦ᠌ ᠰᠦᠷ ᠭᠢᠯᠪᠢᠯᠭᠡᠨ ᠦ᠌ ᠭᠠᠯ ᠠᠳᠠᠯᠢ᠂ ᠲᠠᠪᠤᠨ ᠮᠤᠰᠬᠢᠶ᠎ᠡ ᠰᠠᠬᠠᠯ᠂ ᠬᠦᠷᠢ ᠬᠣᠷᠣᠬᠠᠢ ᠮᠡᠲᠦ ᠥᠷᠭᠡᠨ ᠬᠥᠮᠥᠰᠬᠡ ᠭᠠᠢᠬᠠᠮᠰᠢᠭᠲᠠᠢ᠃ ᠨᠠᠷᠠᠨ ᠬᠠᠭᠠᠨ ᠥᠭᠦᠯᠡᠷᠦᠨ :《ᠪᠸᠲ᠋ᠠ᠋ ᠤᠯᠤᠰ ᠤ᠋ᠨ ᠡᠵᠡᠨ ᠲᠡᠮᠦᠵᠢᠨ ᠢ᠋ ᠲᠦᠮᠡᠨ ᠬᠥᠮᠦᠨ ᠴᠥᠮ ᠲᠡᠭᠷᠢ ᠶ᠋ᠢᠨ ᠬᠥᠪᠡᠭᠦᠨ ᠬᠡᠮᠡᠳᠡᠭ ᠢᠨᠦ ᠦᠵᠡᠰᠡ ᠡᠨᠡ ᠬᠦ᠌ ᠪᠠᠢᠳᠠᠯ ᠠᠵᠤᠭᠤ ! 》 ᠭᠡᠮᠡᠨ《ᠪᠢᠳᠡ ᠬᠣᠶᠠᠭᠤᠯᠠ ᠨᠢᠭᠡᠨ ᠦᠶ᠎ᠡ ᠪᠠᠢᠯᠳᠤᠵᠤ ᠦᠵᠡᠰᠦᠭᠡᠢ᠂ ᠬᠤᠯᠠᠭᠤᠵᠤ ᠬᠠᠷᠪᠤᠨ ᠨᠢᠭᠤᠵᠤ ᠴᠣᠬᠢᠪᠠᠰᠤ ᠪᠣᠯᠬᠤ ᠦᠭᠡᠢ !》ᠭᠡᠮᠡᠨ ᠬᠣᠶᠠᠷ ᠡᠲᠡᠭᠡᠳ ᠦ᠋ᠨ ᠴᠡᠷᠢᠭ ᠲᠦ᠍ᠷ ᠴᠢᠩᠳᠠ ᠴᠠᠭᠠᠵᠠᠯᠠᠭᠠᠳ ᠨᠠᠷᠠᠨ ᠬᠠᠭᠠᠨ ᠤᠯᠠᠭᠠᠨ ᠵᠡᠭᠡᠷᠳᠡ ᠮᠣᠷᠢ ᠪᠠᠨ ᠬᠡᠢᠰᠬᠡᠨ ᠲᠠᠯᠪᠢᠵᠤ᠂ ᠲᠠᠢᠽᠦ ᠶ᠋ᠢ ᠣᠨᠢᠯᠠᠨ ᠣᠷᠣᠭᠰᠠᠨ ᠳ᠋ᠤᠷ ᠲᠠᠢᠽᠦ ᠭᠠᠩ ᠵᠢᠳᠠᠨ ᠢ᠋ ᠮᠤᠰᠬᠢᠨ ᠣᠷᠣᠵᠤ᠂ ᠬᠣᠷᠢᠨ ᠤᠳᠠᠭ᠎ᠠ ᠢᠯᠡᠭᠦᠦ ᠪᠠᠢᠯᠳᠤᠵᠤ᠂ ᠨᠠᠷᠠᠨ ᠬᠠᠭᠠᠨ ᠨᠢᠭᠡᠨᠲᠡᠭᠡᠭᠦᠷ 《ᠭᠠᠢᠭᠤᠢ ᠡᠷ᠎ᠡ ᠠᠵᠤᠭᠤ !》ᠭᠡᠮᠡᠨ ᠮᠠᠭᠲᠠᠵᠤ᠂ ᠵᠢᠭᠰᠠᠭᠠᠯ ᠤ᠋ᠨ ᠵᠦᠭ ᠡᠭᠡᠬᠦᠢ ᠳ᠋ᠦ᠍ᠷ ᠲᠠᠢᠽᠦ ᠲᠡᠭᠦᠨ ᠢ᠋ ᠠᠭᠤᠷᠰᠠᠨ ᠨᠡᠬᠡᠵᠦ ᠢᠷᠡᠬᠦᠶ᠎ᠡ ᠲᠡᠷᠡ ᠬᠣᠢᠨ᠎ᠠ ᠠ᠋ᠴᠠ ᠰᠤᠨᠳᠠᠯᠠᠨ ᠢᠷᠡᠭᠰᠡᠨ ᠳ᠋ᠦ᠍ᠷ ᠪᠸᠲ᠋ᠠ᠋ ᠤᠯᠤᠰ ᠤ᠋ᠨ ᠴᠡᠷᠢᠭ ᠶᠡᠬᠡ ᠰᠦᠷ ᠭᠠᠷᠭᠠᠨ ᠲᠣᠰᠣᠨ ᠪᠠᠷᠬᠢᠷᠠᠬᠤᠢ ᠳ᠋ᠤᠷ ᠲᠠᠢᠽᠦ ᠦᠯᠦ ᠮᠡᠳᠡᠭᠴᠢ ᠪᠣᠯᠵᠤ ᠶᠠᠪᠤᠲᠠᠯ᠎ᠠ ᠨᠠᠷᠠᠨ ᠬᠠᠭᠠᠨ ᠢ᠋ ᠭᠡᠨᠡᠳᠲᠡ ᠣᠢᠷ᠎ᠠ ᠰᠢᠬᠠᠬᠤᠢ ᠶ᠋ᠢᠨ ᠬᠢᠷᠢ ᠲᠠᠢᠽᠦ ᠭᠡᠳᠡᠷᠭᠦ ᠤᠷᠪᠠᠵᠤ ᠨᠢᠭᠡᠨᠲᠡ ᠵᠢᠳᠠᠯᠠᠭᠰᠠᠨ ᠳ᠋ᠤᠷ ᠨᠠᠷᠠᠨ ᠬᠠᠭᠠᠨ ᠤ᠋ ᠪᠠᠷᠠᠭᠤᠨ ᠡᠪᠦᠳᠦᠭ ᠨᠡᠪᠲᠡ ᠵᠢᠳᠠᠯᠠᠭᠳᠠᠵᠤ᠂ ᠶᠡᠬᠡᠯ᠎ᠡ ᠡᠪᠡᠳᠴᠦ ᠬᠠᠷᠠᠬᠠᠨ ᠡᠭᠡᠵᠦ ᠪᠤᠷᠤᠭᠤᠯᠠᠬᠤᠢ ᠳ᠋ᠤᠷ ᠲᠠᠢᠽᠦ ᠡᠨᠡ ᠳᠡᠢᠯᠦᠭᠰᠡᠨ ᠬᠦᠴᠦᠨ ᠳ᠋ᠦ᠍ᠷ ᠳᠥᠷᠪᠡᠨ ᠠᠯᠲᠠᠨ ᠤ᠋ ᠲᠠᠰᠢᠭᠤᠷ ᠢ᠋ᠶ᠋ᠠᠷ ᠵᠠᠨᠴᠢᠨ ᠣᠷᠣᠭᠰᠠᠨ᠎ᠠ ᠣᠯᠠᠨ ᠴᠡᠷᠢᠭ ᠣᠷᠣᠪᠠ᠃ 
       ᠲᠡᠳᠦᠢ ᠭᠣᠷᠯᠣᠰ ᠤ᠋ᠨ ᠴᠡᠷᠢᠭ ᠬᠠᠷᠠᠬᠠᠨ ᠳᠤᠲᠠᠭᠠᠬᠤᠶ᠎ᠠ ᠰᠡᠭᠦᠯ ᠦ᠋ᠨ ᠴᠡᠷᠢᠭ ᠡᠴᠡ ᠨᠢᠭᠡᠨ – ᠴᠡᠴᠡᠭ ᠰᠠᠷᠠᠨ ᠠ᠋ᠴᠠ ᠰᠠᠢᠬᠠᠨ ᠲᠥᠷᠥᠭᠰᠡᠨ ᠠᠷᠪᠠᠨ ᠳᠣᠯᠣᠭᠠᠨ ᠨᠠᠢ᠍ᠮᠠᠨ ᠨᠠᠰᠤᠨ ᠤ᠋ ᠡᠬᠡᠨᠡᠷ ᠠᠯᠲᠠᠨ ᠤ᠋ ᠬᠤᠶᠠᠭ ᠳᠤᠭᠤᠯᠠᠭ᠎ᠠ ᠡᠮᠦᠰᠴᠦ ᠤᠷᠲᠤ ᠬᠢᠷᠭᠤᠤᠯ ᠤ᠋ᠨ ᠰᠡᠭᠦᠯ ᠬᠠᠳᠬᠤᠵᠤ᠂ ᠦᠨᠡᠭᠡ ᠶ᠋ᠢᠨ ᠰᠡᠭᠦᠯ ᠬᠠᠶᠠᠭᠠᠳ ᠭᠠᠷ ᠲᠤᠷ ᠮᠥᠩᠭᠥᠨ ᠦ᠌ ᠶ᠋ᠢᠳᠡ ᠪᠠᠷᠢᠵᠤ ᠬᠥᠨᠳᠡᠯᠢᠳᠦᠨ ᠬᠠᠮᠠᠭᠠᠯᠠᠪᠠ᠃ ᠡᠨᠡ ᠦᠶ᠎ᠡ ᠳ᠋ᠦ᠍ᠷ ᠲᠠᠢᠽᠦ ᠶ᠋ᠢᠨ ᠴᠡᠷᠢᠭ ᠡᠮᠦᠨᠡᠰᠢ ᠣᠷᠣᠵᠤ ᠴᠢᠪᠬᠢᠲᠡᠯ᠎ᠡ ᠠᠯᠲᠠᠨᠱᠠᠭ᠎ᠠ ᠶ᠋ᠢᠨ ᠴᠡᠷᠢᠭ ᠲᠦ᠍ᠷ ᠤᠴᠠᠷᠠᠵᠤ᠂ ᠲᠡᠷᠡ ᠥᠩᠭᠡᠲᠦ ᠬᠦᠷᠢ ᠠᠯᠲᠠᠱᠠᠭ᠎ᠠ ᠶ᠋ᠢ ᠦᠵᠡᠮᠡᠭᠴᠡ ᠨᠢᠳᠦᠨ ᠦ᠌ ᠬᠠᠷᠠᠯᠲᠠ ᠭᠡᠭᠡᠬᠡᠨ ᠪᠣᠯᠵᠤ᠂ ᠬᠠᠷᠠᠬᠠᠨ ᠡᠮᠦᠨ᠎ᠡ ᠢᠨᠦ ᠭᠥᠯᠢᠷᠡᠵᠦ ᠵᠣᠭᠰᠣᠭᠰᠠᠨ ᠳ᠋ᠤᠷ ᠠᠯᠲᠠᠨᠱᠠᠭ᠎ᠠ ᠡᠨᠡ ᠯᠠᠪ ᠨᠠᠷᠠᠨ ᠬᠠᠭᠠᠨ ᠤ᠋ ᠡᠷᠳᠡᠮᠲᠦ ᠡᠮ᠎ᠡ ᠢᠨᠦ ᠡᠨᠡ ᠮᠥᠨ ᠬᠡᠮᠡᠵᠦ ᠣᠷᠣᠵᠤ ᠪᠠᠢᠯᠳᠤᠬᠤᠢ ᠳ᠋ᠤᠷ ᠲᠡᠷᠡ ᠥᠩᠭᠡᠲᠦ ᠬᠦᠷᠢ ᠠᠯᠲᠠᠨᠱᠠᠭ᠎ᠠ ᠶ᠋ᠢ ᠪᠸᠲ᠋ᠠ᠋ ᠤᠯᠤᠰ ᠤ᠋ᠨ ᠵᠠᠩᠵᠤᠨ ᠭᠡᠮᠡᠨ ᠮᠡᠳᠡᠬᠦ ᠪᠣᠢ ‍ᠶ᠎ᠠ᠂ ᠠᠯᠲᠠᠨᠱᠠᠭ᠎ᠠ ᠭᠡᠮᠡᠨ ᠮᠡᠳᠡᠬᠦ ᠦᠭᠡᠢ ᠲᠤᠯᠠ ᠨᠠᠷᠢᠨ ᠬᠣᠭᠣᠯᠠᠢ ᠪᠠᠷ ᠬᠠᠯᠳᠠᠵᠤ ᠠᠰᠠᠭᠤᠷᠤᠨ: 《ᠨᠡᠷ᠎ᠡ ᠠᠪᠠᠰᠤ ᠨᠡᠷ᠎ᠡ ᠪᠡᠨ ᠬᠡᠯᠡ᠂ ᠨᠡᠷ᠎ᠡ ᠦᠭᠡᠢ ᠪᠥᠭᠡᠰᠦ ᠡᠭᠡᠬᠦ ᠪᠡᠨ ᠵᠣᠭᠰᠣ ! 》ᠬᠡᠮᠡᠬᠦᠢ ᠳ᠋ᠦ᠍ᠷ ᠠᠯᠲᠠᠨᠱᠠᠭ᠎ᠠ ᠠᠷᠭ᠎ᠠ ᠬᠡᠷᠡᠭᠯᠡᠬᠦ ᠴᠠᠭ ᠲᠤᠯᠠ ᠲᠠᠰᠢᠷᠠᠮ ᠳ᠋ᠤᠷ ᠨᠡᠢᠯᠡᠭᠦᠯᠵᠦ ᠥᠭᠦᠯᠡᠷᠦᠨ:《ᠪᠢ ᠨᠠᠢ᠍ᠮᠠᠨ ᠤ᠋ ᠲᠠᠢᠶᠠᠩ ᠬᠠᠭᠠᠨ ᠤ᠋ ᠬᠥᠪᠡᠭᠦᠨ ᠠᠯᠲᠠᠨᠱᠠᠭ᠎ᠠ ᠮᠥᠨ !》ᠬᠡᠮᠡᠭᠰᠡᠨ ᠳ᠋ᠦ᠍ᠷ ᠥᠩᠭᠡᠲᠦ ᠬᠦᠷᠢ ᠭᠡᠨᠡᠳᠲᠡ ᠮᠡᠳᠡᠵᠦ ᠳᠠᠷᠤᠢ ᠢᠨᠢᠶᠡᠬᠦ ᠥᠩᠭᠡ ᠴᠢᠷᠠᠢ ᠳ᠋ᠤᠷ ᠢᠯᠡᠷᠡᠵᠦ ᠪᠠᠢᠯᠳᠤᠭᠴᠢ ᠪᠣᠯᠤᠨ ᠳᠠᠭᠠᠷᠢᠨ ᠢᠷᠡᠵᠦ ᠥᠩᠭᠡᠷᠡᠨ ᠭᠠᠷᠬᠤᠢ ᠳ᠋ᠤᠷ ᠥᠭᠦᠯᠡᠷᠦᠨ:《ᠡᠳᠦᠭᠡ ᠪᠸᠲ᠋ᠠ᠋ ᠶ᠋ᠢᠨ ᠴᠡᠷᠢᠭ ᠰᠣᠨᠣᠰᠪᠠᠰᠤ ᠶᠠᠮᠠᠷ ? 》 ᠬᠡᠮᠡᠭᠰᠡᠨ ᠳ᠋ᠦ᠍ᠷ ᠠᠯᠲᠠᠨᠱᠠᠭ᠎ᠠ ᠲᠣᠯᠣᠭᠠᠢ ᠰᠠᠵᠢᠭᠰᠠᠨ ᠳ᠋ᠤᠷ ᠡᠨᠡ ᠯᠠᠪ ᠥᠪᠡᠷ᠎ᠡ ᠠᠷᠭ᠎ᠠ ᠪᠣᠢ ‍ᠶ᠎ᠠ ᠭᠡᠮᠡᠨ ᠰᠢᠭᠤᠳ ᠪᠠᠷᠠᠭᠤᠨ ᠵᠦᠭ ᠮᠤᠬᠤᠷ ᠮᠠᠩᠬ᠎ᠠ ᠪᠠᠷ ᠲᠣᠭᠣᠷᠢᠨ ᠡᠴᠢᠬᠦᠢ ᠳ᠋ᠦ᠍ᠷ ᠰᠠᠢᠬᠠᠨ ᠬᠦᠷᠢ ᠲᠠᠯᠪᠢᠯ ᠦᠭᠡᠢ ᠬᠥᠭᠡᠭᠡᠨ ᠡᠴᠢᠬᠦᠶ᠎ᠡ ᠠᠯᠳᠠᠱᠠᠭ᠎ᠠ ᠨᠢᠭᠡᠨ ᠳᠣᠪᠣᠴᠠᠭ ᠤ᠋ᠨ ᠳᠠᠯᠳᠠ ᠲᠣᠭᠣᠷᠢᠨ ᠣᠷᠣᠪᠠ᠃ ᠰᠠᠢᠬᠠᠨ ᠬᠦᠷᠢ ᠪᠠᠰᠠ ᠬᠥᠭᠡᠭᠡᠵᠦ ᠡᠴᠢᠭᠰᠡᠨ ᠳ᠋ᠦ᠍ᠷ ᠠᠯᠲᠠᠨᠱᠠᠭ᠎ᠠ ᠶᠠᠭᠠᠷᠠᠨ ᠮᠣᠷᠢᠨ ᠠ᠋ᠴᠠ ᠪᠠᠨ ᠪᠠᠭᠤᠵᠤ ᠵᠣᠭᠰᠣᠭᠰᠠᠨ᠎ᠠ᠂ ᠰᠠᠢᠬᠠᠨ ᠬᠦᠷᠢ ᠯᠠᠪ ᠦᠭᠡ ᠬᠡᠯᠡᠮᠦᠢ ᠭᠡᠮᠡᠨ ᠶᠡᠬᠡᠯ᠎ᠡ ᠪᠠᠶᠠᠷᠯᠠᠨ ᠠᠯᠲᠠᠨᠱᠠᠭ᠎ᠠ ᠶ᠋ᠢᠨ ᠣᠢᠷ᠎ᠠ ᠬᠦᠷᠴᠦ ᠢᠷᠡᠮᠡᠭᠴᠡ ᠮᠣᠷᠢᠨ ᠠ᠋ᠴᠠ ᠪᠠᠨ ᠬᠠᠷᠠᠢᠨ ᠪᠠᠭᠤᠵᠤ᠂ ᠠᠯᠲᠠᠨᠱᠠᠭ᠎ᠠ ᠯᠤᠭ᠎ᠠ ᠬᠡᠯᠡᠯᠴᠡᠷ᠎ᠡ ᠢᠷᠡᠬᠦᠢ ᠳ᠋ᠦ᠍ᠷ ᠠᠯᠲᠠᠨᠱᠠᠭ᠎ᠠ ᠦᠵᠡᠪᠡᠰᠦ ᠡᠨᠡ ᠰᠠᠢᠬᠠᠨ ᠬᠦᠷᠢ ᠦᠨᠡᠬᠡᠷ ᠬᠤᠯᠤᠰᠤ ᠨᠠᠢᠯᠵᠠᠭᠤᠷ ᠮᠡᠲᠦ ᠬᠡᠭᠡᠨᠴᠢᠷ ᠰᠠᠢᠬᠠᠨ ᠲᠤᠯᠠ《ᠡᠨᠡ ᠶᠠᠮᠪᠠᠷ ᠬᠦᠴᠦᠨ ᠪᠣᠢ ! ᠮᠢᠨᠦ ᠠᠷᠭ᠎ᠠ ᠳ᠋ᠤᠷ ᠣᠷᠣᠪᠠ ! 》ᠭᠡᠮᠡᠨ ᠣᠢᠷ᠎ᠠ ᠡᠴᠢᠵᠦ ᠭᠠᠷ ᠬᠥᠳᠡᠯᠦᠨ ᠳᠠᠷᠤᠨ ᠤᠨᠠᠭᠠᠵᠤ ᠪᠠᠷᠢᠵᠤ ᠤᠶᠠᠰᠤᠭᠠᠢ ᠬᠡᠮᠡᠬᠦᠢ ᠳ᠋ᠦ᠍ᠷ ᠰᠠᠢᠬᠠᠨ ᠬᠦᠷᠢ ᠲᠠᠴᠢᠶᠠᠬᠤ ᠰᠡᠳᠬᠢᠯ ᠮᠠᠰᠢ ᠶᠡᠬᠡᠳᠡᠭᠰᠡᠨ ᠲᠤᠯᠠ ᠡᠰᠡ ᠰᠡᠷᠡᠮᠵᠢᠯᠡᠭᠰᠡᠨ ᠢ᠋ᠶ᠋ᠡᠷ ᠭᠡᠨᠡᠳᠲᠡ ᠪᠠᠢᠳᠠᠯ ᠪᠤᠰᠤ ᠶ᠋ᠢ ᠮᠡᠳᠡᠵᠦ ᠰᠠᠶᠢ ᠰᠡᠬᠡᠰᠬᠢᠨ᠂ ᠭᠡᠨᠡᠳᠲᠡ ᠠᠭᠤᠷ ᠬᠦᠷᠴᠦ ᠪᠡᠶ᠎ᠡ ᠤᠬᠤᠰᠬᠢᠨ ᠠᠯᠲᠠᠨᠱᠠᠭ᠎ᠠ ᠶ᠋ᠢᠨ ᠬᠡᠬᠦᠳᠡᠭ ᠡᠴᠡ ᠨᠢᠭᠡᠨᠲᠡ ᠠᠳᠬᠤᠵᠤ ᠠᠪᠤᠭᠠᠳ ᠮᠣᠷᠢᠨ ᠳᠡᠭᠡᠷ᠎ᠡ ᠪᠡᠨ ᠲᠡᠪᠡᠷᠢᠵᠦ ᠳᠣᠪᠲᠣᠯᠤᠨ ᠭᠠᠷᠴᠤ ᠢᠷᠡᠬᠦᠢ ᠳ᠋ᠦ᠍ᠷ ᠬᠠᠷᠠᠬᠠᠨ ᠴᠢᠪᠬᠢᠲᠡᠯ᠎ᠡ ᠬᠡᠷᠡᠢᠳ ᠦ᠋ᠨ ᠰᠤᠯᠤᠩᠭᠣᠸ᠎ᠠ ᠶ᠋ᠢᠨ ᠴᠡᠷᠢᠭ ᠲᠦ᠍ᠷ ᠤᠴᠠᠷᠠᠪᠠ᠃ ᠡᠭᠦᠨ ᠳ᠋ᠦ᠍ᠷ ᠥᠬᠢᠨ ᠰᠤᠯᠤᠩᠭᠣᠸ᠎ᠠ᠂ ᠠᠯᠲᠠᠨᠱᠠᠭ᠎ᠠ ᠳ᠋ᠤᠷ ᠢ᠋ᠶ᠋ᠠᠨ ᠨᠢᠳᠦ ᠣᠷᠬᠢᠨ ᠪᠥᠬᠥᠶ᠎ᠡ᠂ ᠡᠳᠦᠭᠡ ᠬᠠᠷᠢᠨ ᠨᠠᠷᠠᠨ ᠬᠠᠭᠠᠨ ᠤ᠋ ᠨᠢᠭᠡᠨ ᠰᠠᠢᠬᠠᠨ ᠡᠮ᠎ᠡ ᠠᠯᠲᠠᠨᠱᠠᠭ᠎ᠠ ᠯᠤᠭ᠎ᠠ ᠵᠢᠭᠰᠠᠭᠠᠯ ᠠ᠋ᠴᠠ ᠰᠠᠯᠤᠨ ᠡᠴᠢᠬᠦᠢ ᠳ᠋ᠦ᠍ᠷ ᠯᠠᠪ ᠭᠡᠮ ᠪᠣᠢ ᠭᠡᠮᠡᠨ ᠨᠡᠩᠳᠡ ᠰᠡᠵᠢᠭᠯᠡᠵᠦ ᠠᠲᠠᠯ᠎ᠠ ᠮᠠᠩᠬᠠᠨ ᠤ᠋ ᠳᠠᠯᠳᠠ ᠠ᠋ᠴᠠ ᠡᠨᠡ ᠡᠬᠡᠨᠡᠷ ᠠᠯᠲᠠᠨᠱᠠᠭ᠎ᠠ ᠶ᠋ᠢ ᠲᠡᠭᠦᠷᠦᠨ ᠳᠣᠪᠲᠣᠯᠤᠨ ᠢᠷᠡᠬᠦᠢ ᠶ᠋ᠢ ᠬᠠᠯᠵᠠ ᠲᠤᠯᠭᠠᠷᠠᠭᠰᠠᠨ ᠳ᠋ᠤᠷ ᠶᠡᠬᠡᠯ᠎ᠡ ᠰᠣᠴᠢᠵᠤ᠂ ᠳᠠᠷᠤᠢ ᠶᠡᠬᠡ ᠬᠡᠩᠭᠡᠷᠭᠡ ᠳᠡᠯᠡᠳᠦᠨ ᠣᠷᠣᠵᠤ ᠪᠠᠢᠯᠳᠤᠬᠤᠢ ᠳ᠋ᠤᠷ ᠪᠠᠰᠠ ᠬᠡᠷᠡᠢᠳ ᠦ᠋ᠨ ᠫᠣᠯᠭᠤᠳᠠᠢ ᠲᠡᠭᠦᠨ ᠦ᠌ ᠠᠪᠠᠬᠠᠢ ᠶ᠋ᠢᠨ ᠬᠦᠷᠭᠡᠨ ᠢ᠋ ᠨᠢᠭᠡᠨ ᠰᠠᠢᠬᠠᠨ ᠡᠮ᠎ᠡ ᠲᠡᠪᠡᠷᠢᠨ ᠡᠴᠢᠬᠦᠢ ᠶ᠋ᠢ ᠦᠵᠡᠭᠡᠳ ᠶᠡᠬᠡᠯ᠎ᠡ ᠭᠡᠯᠮᠡᠵᠦ᠂ ᠴᠡᠷᠢᠭ ᠢ᠋ᠶ᠋ᠡᠷ ᠲᠥᠭᠥᠷᠢᠭᠯᠡᠨ ᠬᠠᠭᠠᠪᠠ᠃ 
       ᠲᠡᠳᠦᠢ ᠰᠠᠶᠢ ᠨᠠᠢ᠍ᠮᠠᠨ ᠤ᠋ ᠴᠢᠦᠢ ᠱᠢ ᠯᠢ᠂ ᠢᠳᠡᠷ ᠳᠣᠪᠣ ᠨᠠᠷ ᠰᠠᠶᠢ ᠶᠡᠬᠡ ᠴᠡᠷᠢᠭ ᠢ᠋ ᠠᠪᠴᠤ ᠬᠦᠷᠴᠦ ᠢᠷᠡᠭᠡᠳ ᠣᠯᠠᠨ ᠢ᠋ᠶ᠋ᠠᠷ ᠬᠠᠭᠠᠵᠤ ᠠᠪᠤᠭᠠᠳ ᠳᠥᠷᠪᠡᠨ ᠵᠦᠭ᠎ᠡᠴᠡ ᠪᠠᠢᠯᠳᠤᠬᠤᠢ ᠳ᠋ᠤᠷ ᠰᠠᠢᠬᠠᠨ ᠬᠦᠷᠢ ᠭᠠᠭᠴᠠ ᠪᠡᠶ᠎ᠡ ᠪᠡᠷ ᠣᠯᠠᠨ ᠳ᠋ᠤᠷ ᠲᠤᠯᠬᠤᠶ᠎ᠠ ᠪᠡᠷᠬᠡ ᠲᠤᠯᠠ ᠠᠯᠲᠠᠨᠱᠠᠭ᠎ᠠ ᠶ᠋ᠢ ᠣᠷᠬᠢᠵᠤ ᠪᠤᠷᠤᠭᠤᠯᠠᠬᠤᠢ ᠳ᠋ᠤᠷ ᠢᠳᠡᠷ ᠳᠣᠪᠣ᠂ ᠫᠣᠯᠭᠤᠳᠠᠢ ᠬᠣᠶᠠᠭᠤᠯᠠ ᠬᠥᠭᠡᠭᠡᠨ ᠭᠦᠢᠴᠡᠵᠦ ᠬᠠᠭᠠᠪᠠ᠃ ᠰᠣᠯᠤᠩᠭᠣᠸ᠋᠎ᠡ ᠱᠠᠯᠠᠮᠠᠭᠠᠢᠯᠠᠨ ᠣᠷᠣᠵᠤ ᠠᠯᠲᠠᠨᠱᠠᠭ᠎ᠠ ᠶ᠋ᠢ ᠪᠤᠯᠢᠶᠠᠨ ᠠᠪᠴᠤ ᠬᠦᠯᠢᠶᠡᠰᠦᠨ ᠢ᠋ ᠲᠠᠢᠯᠵᠤ ᠮᠣᠷᠢ ᠤᠨᠤᠭᠤᠯᠪᠠ᠃ ᠠᠯᠲᠠᠨᠱᠠᠭ᠎ᠠ ᠠᠪᠤᠭᠠᠳᠤᠢ ᠡᠮ᠎ᠡ ᠳ᠋ᠦ᠍ᠷ ᠰᠠᠨᠠᠮᠰᠠᠷ ᠦᠭᠡᠢ ᠪᠠᠷᠢᠶᠠᠰᠤᠲᠠᠢ ᠠᠭᠤᠯᠵᠠᠬᠤᠢ ᠳ᠋ᠤᠷ ᠶᠡᠬᠡᠯ᠎ᠡ ᠢᠴᠢᠩᠭᠦᠷᠡᠬᠦᠶ᠎ᠡ᠂ ᠰᠣᠯᠤᠩᠭᠣᠸ᠋᠎ᠡ᠂ ᠠᠯᠲᠠᠨᠱᠠᠭ᠎ᠠ ᠶ᠋ᠢ ᠬᠠᠷᠠᠵᠤ ᠴᠢᠷᠠᠢ ᠪᠠᠨ ᠤᠯᠠᠢᠯᠭᠠᠨ ᠠᠮᠠ ᠪᠠᠨ ᠪᠥᠭᠯᠡᠵᠦ ᠢᠨᠢᠶᠡᠭᠰᠡᠨ ᠳ᠋ᠦ᠍ᠷ ᠠᠯᠲᠠᠨᠱᠠᠭ᠎ᠠ ᠨᠡᠩᠳᠡ ᠢᠴᠢᠩᠭᠦᠷᠡᠵᠦ᠂ ᠶᠡᠬᠡ ᠴᠡᠷᠢᠭ ᠢ᠋ᠶ᠋ᠡᠷ ᠲᠥᠭᠥᠷᠢᠭᠯᠡᠨ ᠬᠠᠭᠠᠵᠤ ᠠᠪᠤᠪᠠ᠃ ᠡᠨᠡ ᠦᠶ᠎ᠡ ᠳ᠋ᠦ᠍ᠷ ᠭᠣᠷᠯᠣᠰ ᠤ᠋ᠨ ᠴᠡᠷᠢᠭ᠂ ᠨᠠᠢ᠍ᠮᠠᠨ᠂ ᠬᠡᠷᠡᠢᠳ᠂ ᠸᠠᠩᠭᠦᠪ ᠭᠤᠷᠪᠠᠨ ᠠᠢᠮᠠᠭ ᠨᠢᠭᠡᠨᠲᠡ ᠮᠠᠨ ᠳ᠋ᠤᠷ ᠳᠠᠭᠠᠪᠠ ᠭᠡᠮᠡᠨ ᠰᠠᠨᠠᠭᠠᠨ ᠳ᠋ᠤᠷ ᠦᠭᠡᠢ ᠪᠠᠢᠭᠰᠠᠭᠠᠷ ᠭᠡᠨᠡᠳᠲᠡ ᠪᠸᠲ᠋ᠠ᠋ ᠤᠯᠤᠰ ᠤ᠋ᠨ ᠴᠡᠷᠢᠭ ᠳᠠᠷᠠᠭ᠎ᠠ ᠳᠠᠷᠠᠭ᠎ᠠ ᠪᠠᠷ ᠫᠤᠤ ᠶ᠋ᠢᠨ ᠳᠠᠭᠤᠨ ᠭᠠᠷᠭᠠᠬᠤᠢ ᠳ᠋ᠤᠷ ᠭᠤᠷᠪᠠᠨ ᠠᠢᠮᠠᠭ ᠤ᠋ᠨ ᠴᠡᠷᠢᠭ ᠭᠡᠨᠡᠳᠲᠡ ᠤᠷᠪᠠᠵᠤ᠂ ᠭᠣᠷᠯᠣᠰ ᠤ᠋ᠨ ᠴᠡᠷᠢᠭ ᠢ᠋ ᠬᠣᠶᠠᠷ ᠠᠩᠭᠢ ᠲᠠᠰᠤᠯᠤᠨ ᠪᠠᠢᠯᠳᠤᠨ ᠡᠭᠦᠰᠬᠡᠭᠰᠡᠨ ᠳ᠋ᠦ᠍ᠷ ᠭᠣᠷᠯᠣᠰ ᠤ᠋ᠨ ᠴᠡᠷᠢᠭ ᠡᠭᠡᠬᠦ ᠣᠷᠣᠬᠤ ᠵᠠᠮ ᠬᠠᠭᠠᠭᠳᠠᠪᠠ᠃ ᠨᠠᠷᠠᠨ ᠬᠠᠭᠠᠨ ᠶᠠᠭᠠᠷᠠᠨ ᠬᠦᠷᠢᠶᠡᠨ ᠦ᠌ ᠵᠦᠭ ᠪᠤᠷᠤᠭᠤᠯᠠᠬᠤᠢ ᠳ᠋ᠤᠷ ᠦᠵᠡᠪᠡᠰᠦ ᠣᠩᠭᠣᠴᠠ ᠨᠤᠭᠤᠳ ᠢ᠋ ᠰᠢᠨ᠎ᠡ ᠳᠠᠭᠠᠭᠰᠠᠨ ᠢᠯᠠᠭᠤᠭᠰᠠᠨ ᠸᠠᠩᠴᠤᠭ ᠬᠣᠶᠠᠭᠤᠯᠠ ᠶ᠋ᠢᠨ ᠴᠡᠷᠢᠭ ᠴᠥᠮ ᠪᠤᠯᠢᠶᠠᠨ ᠠᠪᠴᠤ ᠴᠢᠨᠠᠳᠤ ᠬᠥᠪᠡᠭᠡ ᠳ᠋ᠦ᠍ᠷ ᠵᠣᠭᠰᠣᠭᠰᠠᠨ᠎ᠠ ᠨᠠᠷᠠᠨ ᠬᠠᠭᠠᠨ ᠶᠡᠬᠡᠯ᠎ᠡ ᠬᠢᠷᠳ᠋ᠬᠢᠨ 《ᠠᠷᠭ᠎ᠠ ᠳ᠋ᠤᠷ ᠣᠷᠣᠪᠠ ! 》 ᠭᠡᠮᠡᠨ ᠮᠥᠷᠡᠨ ᠦ᠌ ᠬᠥᠪᠡᠭᠡ ᠶ᠋ᠢ ᠪᠠᠷᠢᠵᠤ ᠬᠣᠢᠲᠤ ᠵᠦᠭ ᠪᠤᠷᠤᠭᠤᠯᠠᠬᠤᠢ ᠳ᠋ᠤᠷ ᠭᠡᠨᠡᠳᠲᠡ ᠪᠠᠰᠠ ᠨᠢᠭᠡᠨ ᠠᠩᠭᠢ ᠴᠡᠷᠢᠭ ᠬᠥᠨᠳᠡᠯᠢᠳᠪᠡ᠃ ᠡᠨᠡ ᠴᠡᠷᠢᠭ ᠪᠣᠯᠪᠠᠰᠤ ᠨᠠᠢ᠍ᠮᠠᠨ ᠤ᠋ ᠬᠣᠶᠠᠷ ᠵᠠᠩᠵᠤᠨ – ᠪᠣᠳᠣᠩ᠂ ᠡᠭᠦᠯᠡᠨ ᠴᠡᠷᠪᠢ ᠭᠠᠷᠴᠤ ᠬᠥᠨᠳᠡᠯᠢᠳᠦᠨ ᠪᠠᠢᠯᠳᠤᠵᠤ ᠨᠠᠷᠠᠨ ᠬᠠᠭᠠᠨ ᠤ᠋ ᠴᠡᠷᠢᠭ ᠢ᠋ ᠲᠠᠰᠤᠯᠪᠠ᠃ ᠡᠨᠡ ᠦᠶ᠎ᠡ ᠳ᠋ᠦ᠍ᠷ ᠨᠠᠷᠠᠨ ᠬᠠᠭᠠᠨ ᠤ᠋ ᠴᠡᠷᠢᠭ ᠲᠥᠬᠥᠭᠡ ᠲᠣᠮᠣᠭ᠎ᠠ ᠪᠠᠨ ᠠᠯᠳᠠᠵᠤ᠂ ᠬᠠᠷᠠᠬᠠᠨ ᠡᠭᠡᠬᠦ ᠪᠠ ᠪᠠᠢᠯᠳᠤᠬᠤ ᠴᠤ᠌ ᠴᠥᠮ ᠪᠡᠷᠬᠡ ᠪᠣᠯᠵᠤ ᠰᠠᠨᠳᠤᠷᠤᠨ ᠪᠠᠷᠬᠢᠷᠠᠯᠳᠤᠬᠤᠶ᠎ᠠ᠂ ᠪᠠᠰᠠ ᠡᠨᠡ ᠵᠠᠪᠰᠠᠷ《ᠨᠠᠢ᠍ᠮᠠᠨ ᠤ᠋ ᠴᠡᠷᠢᠭ ᠰᠠᠢᠬᠠᠨ ᠬᠦᠷᠢ ᠬᠠᠲᠤᠨ ᠢ᠋ ᠪᠠᠷᠢᠪᠠ !  》 ᠬᠡᠮᠡᠬᠦᠢ ᠳ᠋ᠦ᠍ᠷ ᠪᠦᠭᠦᠳᠡᠭᠡᠷ ᠶᠡᠬᠡᠯ᠎ᠡ ᠠᠶᠤᠯᠳᠤᠵᠤ᠂ ᠶᠡᠬᠡ ᠤᠰᠤᠨ ᠤ᠋ ᠳᠠᠩ ᠳ᠋ᠤᠷ ᠪᠦᠭᠦᠳᠡᠭᠡᠷ ᠴᠤᠭᠯᠠᠵᠤ᠂ ᠣᠯᠠᠨ ᠴᠡᠷᠢᠭ ᠢ᠋ ᠲᠠᠪᠤᠨ ᠠᠩᠭᠢ ᠬᠤᠪᠢᠶᠠᠵᠤ ᠨᠠᠷᠠᠨ ᠬᠠᠭᠠᠨ ᠥᠪᠡᠷ ᠢ᠋ᠶ᠋ᠡᠨ ᠰᠡᠮᠡᠬᠡᠷ ᠲᠤᠭ ᠳᠠᠯᠪᠠᠭ᠎ᠠ ᠪᠠᠨ ᠪᠠᠭᠯᠠᠵᠤ ᠬᠡᠳᠦᠬᠡᠨ ᠵᠠᠭᠤᠨ ᠮᠣᠷᠢᠲᠠᠨ ᠢ᠋ ᠠᠪᠴᠤ ᠮᠥᠷᠡᠨ ᠢ᠋ ᠭᠡᠲᠦᠯᠦᠨ ᠭᠠᠷᠪᠠ᠂ ᠪᠤᠰᠤ ᠴᠡᠷᠢᠭ ᠢᠨᠦ ᠴᠥᠮ ᠮᠥᠷᠡᠨ ᠦ᠌ ᠴᠢᠨᠠᠳᠤ ᠬᠣᠴᠣᠷᠪᠠ᠃ 
       ᠲᠡᠳᠦᠢ ᠨᠠᠷᠠᠨ ᠬᠠᠭᠠᠨ ᠨᠣᠢᠲᠠᠨ ᠳᠡᠪᠡᠯ ᠨᠣᠢᠲᠠᠨ ᠡᠮᠡᠭᠡᠯ ᠢ᠋ᠶ᠋ᠡᠷ ᠬᠠᠷᠠᠬᠠᠨ ᠳᠤᠲᠠᠭᠠᠵᠤ ᠶᠠᠪᠤᠲᠠᠯ᠎ᠠ ᠪᠦᠷᠢᠶ᠎ᠡ ᠪᠣᠷᠠᠰ ᠤ᠋ᠨ ᠲᠠᠯ᠎ᠠ ᠠ᠋ᠴᠠ ᠴᠢᠯᠠᠭᠤ ᠶ᠋ᠢᠨ ᠨᠢᠭᠡᠨ ᠠᠩᠭᠢ ᠪᠦᠭᠭᠦᠭᠰᠡᠨ ᠴᠡᠷᠢᠭ ᠲᠣᠰᠴᠤ ᠪᠠᠢᠯᠳᠤᠬᠤᠢ ᠳ᠋ᠤᠷ ᠨᠠᠷᠠᠨ ᠬᠠᠭᠠᠨ ᠪᠡᠶ᠎ᠡ ᠳ᠋ᠦ᠍ᠷ ᠬᠤᠶᠠᠭ ᠳᠤᠭᠤᠯᠠᠭ᠎ᠠ ᠦᠭᠡᠢ ᠲᠤᠯᠠ ᠰᠢᠭᠤᠳ ᠪᠠᠢᠯᠳᠤᠬᠤ ᠦᠭᠡᠢ ᠴᠡᠷᠢᠭ ᠦ᠋ᠨ ᠳᠤᠮᠳᠠᠭᠤᠷ ᠠᠮᠢ ᠪᠠᠨ ᠬᠠᠮᠠᠭᠠᠯᠠᠨ ᠤᠯᠤᠰ ᠤ᠋ᠨ ᠵᠦᠭ ᠳᠣᠪᠲᠣᠯᠤᠨ ᠳᠤᠲᠠᠭᠠᠪᠠ᠃ ᠡᠨᠡ ᠦᠶ᠎ᠡ ᠠᠯᠲᠠᠨᠱᠠᠭ᠎ᠠ᠂ ᠰᠣᠯᠤᠩᠭᠤᠸ᠎ᠠ᠂ ᠫᠣᠯᠭᠤᠳᠠᠢ᠂ ᠢᠳᠡᠷ ᠳᠣᠪᠣ᠂ ᠴᠢᠦᠢ ᠱᠢ ᠯᠢ ᠨᠠᠷ ᠴᠥᠮ ᠬᠤᠷᠠᠨ ᠢᠷᠡᠵᠦ ᠰᠠᠢᠬᠠᠨ ᠬᠦᠷᠢ ᠶ᠋ᠢ ᠬᠡᠳᠦᠢᠨᠡᠢ ᠮᠣᠷᠢᠨ ᠠ᠋ᠴᠠ ᠲᠠᠲᠠᠵᠤ ᠤᠨᠠᠭᠠᠨ ᠪᠠᠷᠢᠵᠤ ᠬᠦᠯᠢᠪᠡ᠃ 
       ᠲᠡᠨᠳᠡᠴᠡ ᠭᠣᠷᠯᠣᠰ ᠤ᠋ᠨ ᠬᠣᠷᠢᠨ ᠲᠦᠮᠡᠨ ᠴᠡᠷᠢᠭ ᠲᠣᠯᠣᠭᠠᠢ ᠦᠭᠡᠢ ᠯᠤᠤ ᠮᠡᠲᠦ ᠪᠣᠯᠵᠤ ᠶᠡᠬᠡ ᠤᠰᠤᠨ ᠤ᠋ ᠳᠠᠩ ᠳ᠋ᠤᠷ ᠬᠣᠷᠢᠭᠳᠠᠨ᠂ ᠡᠵᠡᠨ ᠢ᠋ᠶ᠋ᠡᠨ ᠳᠠᠭᠠᠵᠤ ᠮᠥᠷᠡᠨ ᠳ᠋ᠦ᠍ᠷ ᠣᠷᠣᠭᠰᠠᠨ ᠴᠡᠷᠢᠭ ᠢᠨᠦ ᠬᠡᠳᠦᠨ ᠵᠠᠭᠤᠨ ᠬᠥᠮᠦᠨ ᠤᠨᠠᠵᠤ ᠦᠬᠦᠭᠰᠡᠨ ᠳ᠋ᠦ᠍ᠷ ᠪᠤᠰᠤ ᠴᠡᠷᠢᠭ ᠦ᠋ᠳ ᠠᠶᠤᠯᠳᠤᠵᠤ ᠬᠡᠷᠬᠢᠪᠡᠴᠦ ᠤᠰᠤᠨ ᠳ᠋ᠤ᠌ ᠣᠷᠣᠬᠤ ᠦᠭᠡᠢ᠂ ᠬᠥᠮᠦᠨ ᠮᠣᠷᠢ ᠰᠢᠬᠠᠯᠴᠠᠨ ᠪᠠᠢᠯᠳᠤᠵᠤ ᠳᠠᠭᠠᠬᠤ ᠦᠭᠡᠢ ᠳ᠋ᠦ᠍ᠷ ᠵᠠᠯᠮ᠎ᠠ ᠶᠠᠭᠠᠷᠠᠨ ᠨᠠᠷᠠᠨ ᠬᠠᠭᠠᠨ ᠤ᠋ ᠡᠮ᠎ᠡ ᠰᠠᠢᠬᠠᠨ ᠬᠦᠷᠢ ᠶ᠋ᠢ ᠬᠦᠯᠢᠭᠦᠯᠵᠦ ᠥᠨᠳᠥᠷ ᠬᠠᠰᠠᠭ ᠲᠤᠷ ᠭᠠᠷᠭᠠᠵᠤ ᠦᠵᠡᠭᠦᠯᠦᠨ ᠥᠭᠦᠯᠡᠷᠦᠨ:《ᠲᠠᠨ ᠤ᠋ ᠡᠵᠡᠨ ᠢ᠋ ᠤᠰᠤᠨ ᠤ᠋ ᠴᠢᠨᠠᠳᠤ ᠪᠦᠭᠭᠦᠭᠰᠡᠨ ᠴᠡᠷᠢᠭ ᠨᠢᠭᠡᠨᠲᠡ ᠠᠯᠠᠪᠠ᠂ ᠲᠠᠨ ᠤ᠋ ᠬᠠᠲᠤᠨ ᠪᠠᠰᠠ ᠪᠠᠷᠢᠭᠳᠠᠪᠠ᠂ ᠪᠠᠰᠠ ᠳᠠᠭᠠᠬᠤ ᠦᠭᠡᠢ ᠶᠠᠭᠤᠨ ᠢ᠋ ᠬᠦᠯᠢᠶᠡᠮᠦᠢ ?》ᠭᠡᠮᠡᠨ ᠪᠠᠷᠬᠢᠷᠠᠭᠰᠠᠨ ᠢ᠋ ᠣᠯᠠᠨ ᠴᠡᠷᠢᠭ ᠰᠣᠨᠣᠰᠤᠭᠠᠳ ᠴᠥᠮ ᠰᠥᠰᠥ ᠬᠡᠮᠬᠡᠷᠡᠨ ᠬᠤᠶᠠᠭ ᠵᠡᠪᠰᠡᠭ ᠢ᠋ᠶ᠋ᠡᠨ ᠲᠠᠢᠯᠤᠨ ᠭᠡᠭᠡᠵᠦ ᠮᠥᠷᠭᠥᠵᠦ ᠳᠠᠭᠠᠪᠠ᠃ 
       ᠲᠡᠳᠦᠢ ᠲᠠᠢᠽᠦ ᠭᠤᠷᠪᠠᠨ ᠠᠢᠮᠠᠭ ᠤ᠋ᠨ ᠴᠡᠷᠢᠭ ᠢ᠋ᠶ᠋ᠡᠷ ᠭᠣᠷᠯᠣᠰ ᠤ᠋ᠨ ᠬᠤᠶᠠᠭ ᠵᠡᠪᠰᠡᠭ ᠢ᠋ ᠬᠤᠷᠢᠶᠠᠯᠭᠠᠨ ᠠᠪᠤᠭᠰᠠᠨ ᠬᠣᠢᠨ᠎ᠠ ᠰᠠᠶᠢ ᠬᠠᠭᠠᠭᠰᠠᠨ ᠴᠡᠷᠢᠭ ᠢ᠋ ᠳᠠᠭᠤᠳᠠᠵᠤ᠂ ᠭᠣᠷᠯᠣᠰ ᠤ᠋ᠨ ᠴᠡᠷᠢᠭ ᠢ᠋ ᠬᠤᠮᠪᠢᠨ ᠳᠠᠷᠤᠵᠤ ᠸᠠᠩᠭᠦᠪ ᠦ᠋ᠨ ᠴᠡᠷᠢᠭ ᠢ᠋ ᠤᠰᠤ ᠭᠡᠳᠦᠭᠦᠯᠦᠨ ᠨᠠᠷᠠᠨ ᠬᠠᠭᠠᠨ ᠢ᠋ ᠨᠡᠬᠡᠷ᠎ᠡ ᠶᠠᠪᠤᠭᠤᠯᠪᠠ᠃ ᠸᠠᠩᠭᠦᠪ ᠦ᠋ᠨ ᠲᠠᠴᠢᠩᠬᠣᠷᠯᠦ ᠬᠥᠪᠡᠭᠦᠨ ᠰᠠᠯᠪᠤᠤ ᠬᠣᠶᠠᠭᠤᠯᠠ ᠣᠩᠭᠣᠴᠠ ᠪᠠᠷ ᠮᠥᠷᠡᠨ ᠢ᠋ ᠭᠡᠲᠦᠯᠵᠦ ᠨᠠᠷᠠᠨ ᠬᠠᠭᠠᠨ ᠢ᠋ ᠨᠡᠬᠡᠵᠦ ᠡᠴᠢᠬᠦᠶ᠎ᠡ᠂ ᠨᠠᠷᠠᠨ ᠬᠠᠭᠠᠨ ᠬᠠᠷᠠᠬᠠᠨ ᠳᠤᠲᠠᠭᠠᠵᠤ ᠶᠠᠪᠤᠲᠠᠯ᠎ᠠ ᠪᠠᠰᠠ ᠪᠤᠭᠤᠷᠵᠢ ᠶ᠋ᠢᠨ ᠪᠦᠭᠭᠦᠭᠰᠡᠨ ᠴᠡᠷᠢᠭ ᠲᠦ᠍ᠷ ᠤᠴᠠᠷᠠᠵᠤ ᠰᠢᠭᠤᠳ ᠪᠠᠢᠯᠳᠤᠭᠰᠠᠨ ᠴᠤ᠌ ᠦᠭᠡᠢ ᠵᠡᠭᠦᠨ ᠬᠣᠢᠰᠢ ᠵᠦᠭ ᠬᠡᠯᠪᠡᠷᠢᠨ ᠪᠣᠷᠤᠭᠤᠯᠬᠤᠢ ᠳ᠋ᠤᠷ ᠪᠠᠰᠠ ᠬᠠᠭᠠᠰ ᠢᠯᠡᠭᠦᠦ ᠴᠡᠷᠢᠭ ᠢ᠋ᠶ᠋ᠡᠨ ᠠᠪᠲᠠᠵᠤ ᠬᠣᠶᠠᠷᠬᠠᠨ ᠵᠠᠭᠤᠨ ᠴᠡᠷᠢᠭ ᠦᠯᠡᠳᠡᠵᠦ᠂ ᠰᠠᠨᠳᠤᠷᠤᠨ ᠳᠣᠪᠲᠣᠯᠲᠠᠯ᠎ᠠ ᠬᠠᠷᠢᠨ ᠲᠡᠭᠦᠨ ᠦ᠌ ᠬᠡᠳᠦᠨ ᠴᠡᠷᠢᠭ ᠲᠦ᠍ᠷ ᠤᠴᠠᠷᠠᠵᠤ ᠠᠰᠠᠭᠤᠪᠠᠰᠤ ᠬᠡᠯᠡᠬᠦ ᠢᠨᠦ: 《ᠡᠵᠡᠨ ᠢ᠋ ᠴᠡᠷᠢᠭ ᠠᠪᠤᠨ ᠭᠠᠷᠤᠭᠰᠠᠨ ᠤ᠋ ᠬᠣᠢᠨ᠎ᠠ ᠬᠡᠳᠦᠨ ᠡᠳᠦᠷ ᠪᠣᠯᠤᠭᠰᠠᠨ ᠦᠭᠡᠢ ᠪᠸᠲ᠋ᠠ᠋ ᠤᠯᠤᠰ ᠤ᠋ᠨ ᠵᠢᠨᠦᠩ ᠮᠤᠬᠤᠯᠢ ᠶ᠋ᠢᠨ ᠲᠠᠪᠤᠨ ᠶᠡᠬᠡ ᠵᠠᠩᠵᠤᠨ ᠭᠡᠨᠡᠳᠲᠡ ᠨᠢᠭᠡ ᠲᠦᠮᠡᠨ ᠢᠯᠡᠭᠦᠦ ᠴᠡᠷᠢᠭ ᠢ᠋ᠶ᠋ᠡᠷ ᠮᠠᠨ ᠤ᠋ ᠭᠣᠷᠯᠣᠰ ᠤ᠋ᠨ ᠬᠣᠲᠠ ᠶ᠋ᠢ ᠳᠠᠷᠤᠨ ᠪᠠᠢᠯᠳᠤᠵᠤ᠂ ᠬᠣᠲᠠ ᠶ᠋ᠢ ᠪᠤᠯᠢᠶᠠᠨ ᠠᠪᠴᠤ ᠢᠷᠭᠡᠨ ᠢ᠋ ᠴᠥᠮ ᠲᠣᠭᠲᠠᠭᠠᠪᠠ᠃ ᠤᠯᠤᠰ ᠲᠤᠷ ᠬᠣᠭᠣᠰᠣᠨ ᠲᠤᠯᠠ ᠪᠢᠴᠢᠬᠠᠨ ᠴᠤ᠌ ᠡᠰᠡ ᠡᠰᠡᠷᠭᠦᠴᠡᠨ ᠴᠢᠳᠠᠪᠠ᠃ 》ᠬᠡᠮᠡᠭᠰᠡᠨ ᠢ᠋ ᠨᠠᠷᠠᠨ ᠬᠠᠭᠠᠨ ᠰᠣᠨᠣᠰᠴᠤ ᠠᠶ᠎ᠠ ᠭᠡᠮᠡᠨ ᠶᠡᠬᠡᠯ᠎ᠡ ᠪᠠᠷᠬᠢᠷᠠᠵᠤ ᠮᠠᠭᠤᠵᠢᠷᠠᠨ ᠮᠣᠷᠢᠨ ᠠ᠋ᠴᠠ ᠥᠩᠬᠥᠷᠢᠨ ᠤᠨᠠᠵᠤ ᠢᠷᠡᠭᠰᠡᠨ ᠳ᠋ᠦ᠍ᠷ ᠴᠡᠷᠢᠭ ᠦ᠋ᠨ ᠠᠷᠠᠳ ᠴᠤᠭᠠᠷ ᠤᠰᠤ ᠥᠰᠥᠷᠬᠡᠨ ᠰᠠᠶᠢ ᠪᠠᠬᠠᠨ ᠰᠡᠭᠡᠰᠬᠢᠲᠡᠯ᠎ᠡ ᠭᠡᠨᠡᠳᠲᠡ ᠪᠤᠭᠤᠷᠵᠢ᠂ ᠴᠢᠯᠠᠭᠤᠨ᠂ ᠲᠠᠴᠢᠩᠬᠤᠷᠯᠤ ᠲᠠᠨ ᠤ᠋ ᠴᠡᠷᠢᠭ ᠪᠠᠰᠠ ᠨᠡᠬᠡᠮᠵᠢᠯᠡᠨ ᠬᠦᠷᠴᠦ ᠢᠷᠡᠭᠰᠡᠨ ᠳ᠋ᠦ᠍ᠷ ᠣᠯᠠᠨ ᠴᠡᠷᠢᠭ ᠬᠠᠭᠠᠨ ᠢ᠋ᠶ᠋ᠠᠨ ᠲᠡᠳᠬᠦᠵᠦ ᠮᠣᠷᠢᠨ ᠳ᠋ᠤᠷ ᠤᠨᠤᠭᠤᠯᠤᠨ ᠳᠤᠲᠠᠭᠠᠵᠤ ᠬᠠᠭᠠᠰ ᠡᠳᠦᠷ ᠦ᠋ᠨ ᠵᠠᠮ ᠶᠠᠪᠤᠨ ᠰᠠᠶᠢ ᠬᠡᠷᠢᠶ᠎ᠡ ᠬᠢᠪᠭᠡᠷ ᠦ᠋ᠨ ᠠᠮᠠᠨ ᠳ᠋ᠤᠷ ᠣᠷᠣᠵᠤ ᠶᠠᠭᠠᠷᠠᠨ ᠬᠠᠪᠴᠢᠯ ᠭᠠᠵᠠᠷ ᠢ᠋ ᠥᠩᠭᠡᠷᠡᠰᠦᠭᠡᠢ ᠭᠡᠮᠡᠨ ᠶᠠᠪᠤᠲᠠᠯ᠎ᠠ ᠴᠢᠨᠠᠳᠤ ᠡᠲᠡᠭᠡᠳ ᠲᠣᠷ ᠬᠦᠷᠪᠡᠰᠦ ᠬᠠᠪᠴᠢᠯ ᠤ᠋ᠨ ᠠᠮᠠᠨ ᠢ᠋ ᠴᠢᠯᠠᠭᠤ ᠮᠣᠳᠣ ᠪᠠᠷ ᠪᠥᠭᠯᠡᠵᠦᠬᠦᠢ᠃ ᠡᠭᠦᠨ ᠳ᠋ᠦ᠍ᠷ ᠭᠠᠷᠬᠤ ᠵᠠᠮ ᠦᠭᠡᠢ ᠠᠯᠮᠠᠢᠷᠠᠵᠤ ᠪᠠᠢᠲᠠᠯ᠎ᠠ ᠬᠣᠶᠠᠷ ᠬᠠᠵᠠᠭᠤ ᠠ᠋ᠴᠠ ᠬᠠᠰᠠᠷ ᠤ᠋ᠨ ᠪᠦᠭᠭᠦᠭᠰᠡᠨ ᠴᠡᠷᠢᠭ ᠭᠠᠷᠴᠤ ᠵᠡᠪᠡ ᠴᠢᠯᠠᠭᠤ ᠥᠩᠬᠥᠷᠢᠭᠦᠯᠦᠨ ᠢᠷᠡᠵᠦ᠂ ᠨᠠᠷᠠᠨ ᠬᠠᠭᠠᠨ ᠢ᠋ ᠠᠮᠢᠳᠤ ᠪᠠᠷᠢᠪᠠ᠃ ᠳᠠᠭᠠᠯᠳᠤᠭ᠎ᠠ ᠰᠠᠶᠢ ᠠᠭᠤᠯᠠᠨ ᠠ᠋ᠴᠠ ᠪᠠᠭᠤᠲᠠᠯ᠎ᠠ ᠪᠤᠭᠤᠷᠤᠯ ᠨᠠᠷ ᠤ᠋ᠨ ᠨᠡᠬᠡᠬᠦ ᠴᠡᠷᠢᠭ ᠬᠦᠷᠴᠦ ᠢᠷᠡᠭᠰᠡᠨ ᠳ᠋ᠦ᠍ᠷ ᠬᠠᠰᠠᠷ ᠴᠡᠷᠢᠭ ᠢ᠋ ᠨᠡᠢᠯᠡᠭᠦᠯᠦᠨ ᠪᠠᠭᠤᠲᠠᠯ᠎ᠠ ᠮᠤᠬᠤᠯᠢ ᠶ᠋ᠢᠨ ᠡᠮᠦᠨ᠎ᠡ ᠡᠴᠡ ᠬᠤᠢᠯᠠᠳᠠᠷ ᠬᠣᠶᠠᠷ ᠮᠢᠩᠭᠠᠨ ᠴᠡᠷᠢᠭ ᠠᠪᠴᠤ ᠭᠣᠷᠯᠣᠰ ᠢ᠋ ᠠᠪᠤᠭᠰᠠᠨ ᠮᠡᠳᠡᠭᠡ ᠶ᠋ᠢ ᠪᠠᠷᠢᠵᠤ᠂ ᠲᠠᠢᠽᠦ ᠶ᠋ᠢ ᠵᠠᠯᠠᠷ᠎ᠠ ᠢᠷᠡᠬᠦᠢ ᠳ᠋ᠦ᠍ᠷ ᠪᠤᠭᠤᠷᠵᠢ ᠲᠠᠨ ᠤ᠋ ᠪᠠᠭᠤᠳᠠᠯ ᠢ᠋ ᠦᠵᠡᠭᠡᠳ ᠣᠷᠣᠵᠤ ᠤᠴᠠᠷᠠᠨ ᠨᠠᠷᠠᠨ ᠬᠠᠭᠠᠨ ᠢ᠋ ᠠᠪᠴᠤ ᠴᠡᠷᠢᠭ ᠡᠭᠡᠵᠦ ᠢᠷᠡᠲᠡᠯ᠎ᠡ ᠲᠠᠢᠽᠦ ᠶᠡᠬᠡ ᠴᠡᠷᠢᠭ ᠢ᠋ᠶ᠋ᠡᠷ ᠮᠥᠷᠡᠨ ᠭᠡᠲᠦᠯᠵᠦ ᠭᠠᠷᠴᠤ ᠢᠷᠡᠭᠰᠡᠨ ᠳ᠋ᠦ᠍ᠷ ᠬᠠᠰᠠᠷ᠂ ᠸᠴᠢᠷ ᠰᠡᠴᠡᠨ᠂ ᠲᠦᠳᠡᠬᠦ ᠲᠦᠷᠭᠡᠨ᠂ ᠥᠯᠵᠡᠢ ᠨᠠᠷ ᠨᠠᠷᠠᠨ ᠬᠠᠭᠠᠨ ᠢ᠋ ᠲᠦᠯᠬᠢᠨ ᠠᠪᠴᠢᠷᠠᠵᠤ ᠡᠷᠭᠦᠪᠡ᠃ ᠠᠯᠲᠠᠨᠱᠠᠭ᠎ᠠ᠂ ᠰᠣᠯᠤᠩᠭᠤᠸ᠎ᠠ᠂ ᠫᠤᠯᠭᠤᠳᠠᠢ᠂ ᠢᠳᠡᠷ ᠳᠣᠪᠣ ᠨᠠᠷ ᠨᠠᠷᠠᠨ ᠬᠠᠭᠠᠨ ᠤ᠋ ᠡᠮ᠎ᠡ ᠰᠠᠢᠬᠠᠨ ᠬᠦᠷᠢ ᠶ᠋ᠢ ᠲᠦᠯᠬᠢᠨ ᠠᠪᠴᠤ ᠢᠷᠡᠪᠡ᠃ ᠵᠠᠯᠮ᠎ᠠ ᠬᠤᠶᠠᠭ ᠵᠡᠪᠰᠡᠭ ᠦ᠋ᠨ ᠲᠣᠭ᠎ᠠ ᠶ᠋ᠢᠨ ᠳᠠᠩᠰᠠ ᠶ᠋ᠢ ᠪᠠᠷᠢᠪᠠ᠃ ᠰᠢᠷᠢ ᠬᠤᠲᠤᠭ᠂ ᠬᠠᠷ᠎ᠠ ᠬᠢᠷᠤ᠂ ᠵᠡᠪᠡ ᠭᠤᠷᠪᠠᠭᠤᠯᠠ ᠳᠠᠭᠠᠭᠰᠠᠨ ᠴᠡᠷᠢᠭ ᠦ᠋ᠨ ᠲᠣᠭ᠎ᠠ ᠶ᠋ᠢᠨ ᠳᠠᠩᠰᠠ ᠶ᠋ᠢ ᠪᠠᠷᠢᠪᠠ᠃ ᠪᠤᠭᠤᠷᠵᠢ᠂ ᠴᠢᠯᠠᠭᠤᠨ ᠤᠰᠤ ᠭᠡᠲᠦᠯᠦᠭᠰᠡᠨ ᠴᠡᠷᠢᠭ ᠪᠠ ᠵᠡᠪᠰᠡᠭ ᠬᠤᠶᠠᠭ ᠤ᠋ᠨ ᠲᠣᠭ᠎ᠠ ᠶ᠋ᠢ ᠪᠠᠷᠢᠪᠠ᠃ ᠪᠠᠷᠰ ᠤ᠋ᠨ ᠵᠠᠩᠵᠤᠨ ᠬᠣᠢᠯᠠᠲᠠᠷ᠂ ᠮᠤᠬᠤᠯᠢ ᠶ᠋ᠢᠨ ᠭᠣᠷᠯᠣᠰ ᠢ᠋ ᠪᠠᠢᠯᠳᠤᠨ ᠣᠯᠤᠭᠰᠠᠨ ᠨᠤᠭᠤᠯᠪᠤᠷᠢ ᠪᠢᠴᠢᠭ ᠢ᠋ ᠡᠷᠭᠦᠵᠦ᠂ ᠲᠠᠢᠽᠦ ᠶ᠋ᠢ ᠵᠠᠯᠠᠬᠤ ᠶ᠋ᠢ ᠮᠡᠳᠡᠭᠦᠯᠪᠡᠢ᠃ 
       ᠲᠡᠳᠦᠢ ᠲᠠᠢᠽᠦ ᠨᠠᠷᠠᠨ ᠬᠠᠭᠠᠨ ᠠ᠋ᠴᠠ ᠠᠰᠠᠭᠤᠷᠤᠨ :《ᠴᠢ ᠨᠠᠳᠠ ᠳ᠋ᠤᠷ ᠶᠠᠮᠪᠠᠷ ᠬᠣᠷᠣᠰᠤᠯ ᠪᠣᠢ ?》ᠨᠠᠷᠠᠨ ᠬᠠᠭᠠᠨ ᠬᠥᠮᠥᠰᠬᠡ ᠠᠲᠤᠷᠢᠨ ᠥᠭᠦᠯᠡᠷᠦᠨ:《ᠪᠢ ᠴᠢᠮ᠎ᠠ ᠳ᠋ᠤᠷ ᠶᠠᠮᠪᠠᠷ ᠮᠠᠭᠤ ᠪᠣᠢ ?》ᠲᠠᠢᠽᠦ ᠮᠦᠰᠢᠶᠡᠵᠦ ᠥᠭᠦᠯᠡᠷᠦᠨ:《ᠴᠢ ᠮᠢᠨᠦ ᠰᠣᠯᠤᠩᠭᠤᠳ ᠤ᠋ᠨ ᠲᠠᠪᠤᠨ ᠮᠣᠵᠢ ᠶ᠋ᠢ ᠪᠤᠯᠢᠶᠠᠭᠰᠠᠨ ᠲᠤᠯᠠ ᠪᠢ ᠰᠠᠶᠢ ᠠᠷᠭ᠎ᠠ ᠦᠭᠡᠢ ᠢᠷᠡᠪᠡ᠃ ᠨᠠᠷᠠᠨ ᠬᠠᠭᠠᠨ ᠬᠠᠳᠠᠭᠠᠨᠠᠲᠠᠯ᠎ᠠ ᠢᠨᠢᠶᠡᠵᠦ ᠥᠭᠦᠯᠡᠷᠦᠨ: 《ᠴᠢ ᠮᠢᠨᠦ ᠬᠣᠶᠠᠷ ᠮᠣᠵᠢ ᠶ᠋ᠢ ᠪᠤᠯᠢᠶᠠᠭᠰᠠᠨ ᠲᠤᠯᠠ ᠪᠢ ᠰᠠᠶᠢ ᠢᠷᠡᠵᠦ ᠠᠪᠤᠭᠰᠠᠨ ᠪᠣᠯᠠᠢ᠃ 》 ᠲᠠᠢᠽᠦ ᠠᠰᠠᠭᠤᠷᠤᠨ : 《ᠰᠣᠯᠤᠩᠭᠤᠳ ᠤᠭ ᠠ᠋ᠴᠠ ᠴᠢᠨᠦ ᠭᠠᠵᠠᠷ ᠤᠤ ? 》 ᠨᠠᠷᠠᠨ ᠬᠠᠭᠠᠨ ᠥᠭᠦᠯᠡᠷᠦᠨ:  《ᠤᠭ ᠠ᠋ᠴᠠ ᠴᠢᠨᠦ ᠤᠯᠤᠰ ᠤᠤ ?》 ᠲᠠᠢᠽᠦ ᠥᠭᠦᠯᠡᠷᠦᠨ:  《ᠲᠡᠷᠡ ᠨᠢᠭᠡᠨᠲᠡ ᠨᠠᠳᠠ ᠳ᠋ᠤᠷ ᠳᠠᠭᠠᠭᠰᠠᠨ ᠲᠤᠯᠠ ᠮᠢᠨᠦ ᠤᠯᠤᠰ ᠪᠤᠰᠤ ᠬᠡᠨ ᠦ᠌ ᠪᠣᠢ ? 》ᠨᠠᠷᠠᠨ ᠬᠠᠭᠠᠨ ᠢᠨᠢᠶᠡᠵᠦ ᠥᠭᠦᠯᠡᠷᠦᠨ:《ᠲᠡᠢᠮᠦ ᠪᠥᠭᠡᠰᠦ ᠤᠷᠢᠳᠠ ᠬᠣᠶᠠᠷ ᠮᠣᠵᠢ ᠶ᠋ᠢ ᠪᠢ ᠡᠵᠡᠯᠡᠵᠦ ᠪᠠᠢᠭᠰᠠᠨ ᠲᠤᠯᠠ ᠪᠠᠰᠠ ᠮᠢᠨᠦ ᠤᠯᠤᠰ ᠪᠣᠯᠠᠢ᠃》ᠡᠭᠦᠨ ᠳ᠋ᠦ᠍ᠷ ᠲᠠᠢᠽᠦ ᠥᠴᠦᠬᠡᠨ ᠮᠦᠰᠢᠶᠡᠨ ᠥᠭᠦᠯᠡᠷᠦᠨ : 《ᠭᠥᠷᠯᠡᠵᠦ ᠪᠤᠯᠢᠶᠠᠯᠳᠤᠬᠤ ᠬᠡᠷᠡᠭ ᠦᠭᠡᠢ᠂ ᠰᠣᠯᠤᠩᠭᠤᠳ ᠤᠭ ᠠ᠋ᠴᠠ ᠪᠤᠬ᠎ᠠ ᠴᠠᠭᠠᠨ ᠬᠠᠭᠠᠨ ᠤ᠋ ᠪᠥᠯᠥᠭᠡ᠃ 》 ᠨᠠᠷᠠᠨ ᠬᠠᠭᠠᠨ ᠥᠭᠦᠯᠡᠷᠦᠨ: 《ᠲᠡᠢᠮᠦ ᠪᠣᠯᠪᠠᠰᠤ ᠴᠢᠨᠦ ᠳᠠᠭᠠᠭᠤᠯᠤᠭᠰᠠᠨ ᠤᠯᠤᠰ ᠴᠥᠮ ᠡᠵᠡᠨ ᠪᠣᠢ ᠪᠥᠭᠡᠲᠡᠯ᠎ᠡ ᠴᠢ ᠶᠠᠭᠤᠨ ᠳ᠋ᠤᠷ ᠴᠥᠮ ᠬᠤᠷᠢᠶᠠᠪᠠ ?》ᠲᠠᠢᠽᠦ ᠥᠭᠦᠯᠡᠷᠦᠨ: 《ᠲᠡᠷᠡ ᠴᠥᠮ ᠡᠷ᠎ᠡ ᠶ᠋ᠢᠨ ᠡᠷᠳᠡᠮ ᠪᠣᠢ ᠊ᠢ᠎ᠠ᠃》ᠨᠠᠷᠠᠨ ᠬᠠᠭᠠᠨ ᠥᠭᠦᠯᠡᠷᠦᠨ :《ᠪᠢ ᠪᠠᠰᠠ ᠡᠷ᠎ᠡ ᠶ᠋ᠢᠨ ᠡᠷᠳᠡᠮ ᠭᠠᠷᠭᠠᠵᠤ ᠰᠣᠯᠤᠩᠭᠤᠳ ᠢ᠋ ᠬᠤᠷᠢᠶᠠᠪᠠ !》ᠬᠡᠮᠡᠭᠰᠡᠨ ᠳ᠋ᠦ᠍ᠷ ᠲᠠᠢᠽᠦ ᠰᠣᠨᠣᠰᠴᠤ ᠮᠦᠰᠢᠶᠡᠨ ᠠᠰᠠᠭᠤᠷᠤᠨ :《ᠪᠢ ᠴᠢᠨᠦ ᠡᠨᠡ ᠦᠭᠡ ᠪᠠᠢᠳᠠᠯ ᠢ᠋ ᠦᠵᠡᠬᠦᠯ᠎ᠡ ᠭᠣᠷᠯᠣᠰ ᠤ᠋ᠨ ᠶᠡᠬᠡ ᠤᠯᠤᠰ ᠢ᠋ ᠡᠵᠡᠯᠡᠭᠰᠡᠨ ᠢᠨᠤ ᠮᠥᠨ ᠭᠤᠲᠤᠭᠠᠭᠰᠠᠨ ᠦᠭᠡᠢ ᠮᠡᠲᠦ᠂ ᠭᠠᠭᠴᠠ ᠴᠢᠨᠦ ᠳᠣᠣᠷ᠎ᠠ ᠪᠠᠢᠯᠳᠤᠭᠠᠨ ᠤ᠋ ᠶᠡᠬᠡ ᠵᠠᠩᠵᠤᠨ ᠨᠠᠷ ᠦᠭᠡᠢ ᠠᠵᠢ ! ᠡᠨᠡ ᠴᠡᠷᠢᠭ ᠬᠡᠷᠬᠢᠨ ᠡᠬᠢ ᠲᠥᠬᠥᠭᠡ ᠲᠡᠢ ᠪᠣᠯᠵᠤ ᠪᠣᠯᠬᠤ ᠪᠣᠢ ?》ᠬᠡᠮᠡᠬᠦᠢ ᠳ᠋ᠦ᠍ᠷ ᠨᠠᠷᠠᠨ ᠬᠠᠭᠠᠨ ᠥᠭᠦᠯᠡᠷᠦᠨ:《ᠪᠢ ᠪᠠᠢᠯᠳᠤᠭᠠᠨ ᠤ᠋ ᠲᠦᠰᠢᠮᠡᠳ ᠢ᠋ ᠴᠥᠮ ᠬᠣᠷᠢᠭᠤᠯ ᠳ᠋ᠤᠷ ᠬᠣᠷᠢᠵᠤ ᠢᠷᠡᠪᠡ᠃ ᠬᠡᠳᠦᠢ ᠵᠠᠭᠤᠨ ᠲᠦᠮᠡᠨ ᠴᠡᠷᠢᠭ ᠪᠣᠯᠪᠠᠴᠤ ᠨᠢᠭᠡᠨ ᠬᠥᠮᠦᠨ ᠦ᠌ ᠳᠣᠬᠢᠶ᠎ᠠ ᠲᠤᠯᠠ ᠣᠯᠠᠨ ᠬᠥᠮᠦᠨ ᠢ᠋ᠶ᠋ᠡᠷ ᠶᠠᠭᠤ ᠬᠢᠮᠦᠢ ? 》ᠲᠠᠢᠽᠦ ᠥᠭᠦᠯᠡᠷᠦᠨ:《ᠲᠡᠢᠮᠦ ᠪᠥᠭᠡᠳ ᠴᠢ ᠨᠠᠳᠠ ᠳ᠋ᠤᠷ ᠶᠠᠭᠠᠬᠢᠨ ᠪᠠᠷᠢᠭᠳᠠᠪᠠ ? 》ᠬᠡᠮᠡᠬᠦᠢ ᠳ᠋ᠦ᠍ᠷ ᠨᠠᠷᠠᠨ ᠬᠠᠭᠠᠨ ᠥᠭᠦᠯᠡᠷᠦᠨ:《ᠳᠠᠷᠤᠢ ᠪᠠᠢᠯᠳᠤᠵᠤ ᠪᠠᠷᠢᠭᠳᠠᠪᠠ᠃》ᠲᠠᠢᠽᠦ ᠮᠦᠰᠢᠶᠡᠵᠦ ᠥᠭᠦᠯᠡᠷᠦᠨ:《ᠴᠢ ᠶᠠᠭᠤᠲᠠᠢ ᠪᠤᠳᠤᠯᠢᠶᠠᠨ ᠬᠥᠮᠦᠨ ᠪᠣᠢ ? 》ᠨᠠᠷᠠᠨ ᠬᠠᠭᠠᠨ ᠥᠭᠦᠯᠡᠷᠦᠨ:《ᠪᠢ ᠨᠠᠷᠠᠨ ᠪᠥᠭᠡᠲᠡᠯ᠎ᠡ ᠶᠠᠭᠠᠬᠢᠨ ᠪᠤᠳᠤᠯᠢᠶᠠᠨ ᠪᠣᠯᠵᠤ ᠪᠣᠯᠤᠮᠤᠢ ? 》 ᠲᠠᠢᠽᠦ ᠥᠭᠦᠯᠡᠷᠦᠨ: 《ᠴᠢ ᠪᠤᠳᠤᠯᠢᠶᠠᠨ ᠪᠤᠰᠤ ᠪᠣᠯᠪᠠᠰᠤ ᠶᠠᠭᠠᠬᠢᠨ ᠡᠨᠡ ᠡᠳᠦᠷ ᠡᠨᠡ ᠮᠡᠲᠦ ᠬᠦᠯᠢᠭᠳᠡᠨ ᠪᠠᠷᠢᠭᠳᠠᠬᠤ ᠪᠣᠢ ! ᠶᠠᠭᠠᠬᠢᠨ ᠨᠠᠷᠠᠨ ᠨᠡᠷ᠎ᠡ ᠳ᠋ᠦ᠍ᠷ ᠲᠤᠯᠵᠤ ᠪᠣᠯᠤᠮᠤᠢ ? 》ᠨᠠᠷᠠᠨ ᠬᠠᠭᠠᠨ ᠦᠬᠦᠯᠷᠦᠨ: 《ᠨᠠᠷᠠᠨ ᠪᠠᠰᠠ ᠬᠬᠢᠷᠳᠦᠵᠦ ᠪᠠᠢᠬᠤ ᠦᠭᠡᠢ ᠦᠦ ? ᠪᠢ ᠡᠨᠡ ᠡᠳᠦᠷ ᠬᠬᠢᠷᠲᠦᠪᠡ ᠬᠡᠮᠡᠪᠡᠰᠦ ᠪᠠᠷᠠᠪᠠ ᠃》ᠲᠠᠢᠽᠦ ᠥᠭᠦᠯᠡᠷᠦᠨ : 《ᠪᠢ ᠴᠢᠮᠠᠶ᠋ᠢ ᠣᠳᠣ ᠬᠡᠷᠬᠢᠪᠡᠰᠦ ᠰᠠᠢᠨ ? 》ᠨᠠᠷᠠᠨ ᠬᠠᠭᠠᠨ ᠥᠭᠦᠯᠡᠷᠦᠨ: 《 ᠨᠠᠮᠠᠶ᠋ᠢ ᠲᠠᠯᠪᠢᠪᠠᠰᠤ ᠰᠠᠢᠨ ᠃ 》ᠲᠠᠢᠽᠦ ᠠᠰᠠᠭᠤᠷᠤᠨ : 《ᠴᠢᠮᠠᠶ᠋ᠢ ᠲᠠᠯᠪᠢᠪᠠᠰᠤ ᠴᠢ ᠤᠷᠪᠠᠬᠤ ᠦᠭᠡᠢ ᠦᠦ ? 》ᠨᠠᠷᠠᠨ ᠬᠠᠭᠠᠨ ᠵᠢᠬᠡᠭᠦᠨ ᠢ᠋ᠶ᠋ᠡᠷ ᠢᠨᠢᠶᠡᠵᠦ ᠥᠭᠦᠯᠡᠷᠦᠨ:《ᠲᠠᠯᠪᠢᠵᠤ ᠪᠠᠢᠲᠠᠯ᠎ᠠ ᠶᠠᠭᠤᠨ ᠦᠯᠦ ᠤᠷᠪᠠᠮᠤᠢ ? ᠣᠳᠣ ᠣᠯᠠᠨ ᠦᠭᠡ ᠬᠡᠷᠡᠭ ᠦᠭᠡᠢ ᠲᠦᠷᠭᠡᠨ ᠠᠯᠠ ! ᠪᠢ ᠡᠨᠡ ᠠᠷᠪᠢᠨ ᠶᠠᠷᠰᠢᠭ᠋ ᠲᠤᠷ ᠳᠤᠷ᠎ᠠ ᠦᠭᠡᠢ ! 》ᠲᠠᠢᠽᠦ ᠮᠠᠰᠢᠳᠠ ᠮᠦᠰᠢᠶᠡᠵᠦ ᠥᠭᠦᠯᠡᠷᠦᠨ:《ᠨᠡᠩᠳᠡ ᠭᠠᠭᠴᠠᠭᠠᠷ ᠵᠠᠭᠤᠨ ᠲᠦᠮᠡᠨ ᠢ᠋ ᠡᠵᠡᠯᠡᠪᠡᠰᠦ ᠲᠡᠳᠦᠢ ᠪᠣᠢ ᠊ᠶ᠎ᠠ᠃ ᠴᠢ ᠪᠠᠰᠠ ᠡᠨᠡ ᠡᠬᠡᠨᠡᠷ ᠢ᠋ ᠲᠡᠵᠢᠭᠡᠭᠰᠡᠨ ᠢᠨᠤ ᠶᠠᠭᠤᠨ ? 》ᠨᠠᠷᠠᠨ ᠬᠠᠭᠠᠨ ᠥᠭᠦᠯᠡᠷᠦᠨ :《ᠮᠢᠨᠦ ᠥᠪᠡᠷ ᠦ᠋ᠨ ᠵᠣᠷᠢᠭ ᠴᠢᠮ᠎ᠠ ᠳ᠋ᠤᠷ ᠶᠠᠭᠤᠨ ᠬᠠᠷᠢᠶ᠎ᠠ ᠪᠣᠢ ! 》ᠬᠡᠮᠡᠭᠰᠡᠨ ᠡᠳᠡᠭᠡᠷ ᠦᠭᠡᠰ ᠲᠣᠷ ᠣᠯᠠᠨ ᠲᠦᠰᠢᠮᠡᠳ ᠴᠥᠮ ᠠᠭᠤᠷᠯᠠᠨ ᠪᠠᠰᠠ ᠰᠣᠨᠣᠰᠤᠭᠰᠠᠭᠠᠷ ᠬᠠᠷᠢᠨ ᠠᠶᠤᠵᠤ ᠪᠤᠷᠤᠭᠤ ᠵᠥᠷᠢᠭᠦᠦ ᠬᠠᠨᠳᠤᠬᠤᠢ ᠳ᠋ᠤᠷ ᠲᠡᠷᠡ ᠪᠠᠰᠠ ᠦᠰᠦᠷᠦᠨ ᠬᠠᠷᠢᠭᠤᠴᠠᠵᠤ ᠠᠯᠠ ᠭᠡᠮᠡᠨ ᠱᠠᠭᠠᠷᠳᠠᠬᠤᠢ ᠳ᠋ᠤᠷ ᠵᠢᠭᠰᠠᠭᠠᠯ ᠠ᠋ᠴᠠ ᠪᠤᠭᠤᠷᠵᠢ ᠵᠠᠩᠳᠤᠷᠤᠨ ᠥᠭᠦᠯᠡᠷᠦᠨ : 《ᠶᠠᠭᠤᠨ ᠳ᠋ᠤᠷ ᠴᠢᠨᠦ ᠵᠣᠷᠢᠭ ᠢ᠋ᠶ᠋ᠠᠷ ᠴᠢᠮᠠᠶ᠋ᠢ ᠠᠯᠠᠵᠤ ᠴᠠᠭ ᠬᠱᠡᠨ ᠳ᠋ᠦ᠍ᠷ ᠠᠮᠤᠭᠤᠯᠤᠮᠤᠢ᠂ ᠴᠢᠮᠠᠶ᠋ᠢ ᠣᠨᠴᠠ ᠦᠯᠡᠳᠡᠭᠡᠵᠦ ᠵᠠᠭᠤᠨ ᠡᠳᠦᠷ ᠬᠦᠨᠳᠦ ᠡᠷᠡᠭᠦᠦ ᠪᠡᠷ ᠡᠷᠡᠭᠦᠳᠡᠵᠦ ᠰᠠᠶᠢ ᠠᠯᠠᠮᠤᠢ ! 》ᠬᠡᠮᠡᠬᠦᠢ ᠳ᠋ᠦ᠍ᠷ ᠭᠠᠳᠠᠨ᠎ᠠ ᠶᠡᠨᠳᠡᠷ ᠦ᠋ᠨ ᠳᠣᠣᠷ᠎ᠠ ᠭᠡᠨᠡᠳᠲᠡ ᠨᠢᠭᠡᠨ ᠬᠥᠮᠦᠨ ᠰᠥᠭᠥᠳᠪᠡ᠃ ᠦᠵᠡᠪᠡᠰᠦ ᠨᠠᠢ᠍ᠮᠠᠨ ᠤ᠋ ᠢᠳᠡᠷ ᠳᠣᠪᠣ ᠲᠤᠯᠠ ᠲᠡᠭᠦᠨ ᠢ᠋ ᠦᠭᠡ ᠭᠠᠷᠬᠤᠢ ᠶ᠋ᠢᠨ ᠤᠷᠢᠳ ᠲᠠᠢᠽᠦ ᠲᠡᠷᠢᠭᠦᠯᠡᠨ ᠮᠦᠰᠢᠶᠡᠪᠡ᠃ ᠲᠡᠳᠦᠢ ᠢᠳᠡᠷ ᠳᠣᠪᠣ ᠨᠠᠷᠠᠨ ᠬᠠᠭᠠᠨ ᠴᠥᠮ ᠵᠠᠩ ᠬᠠᠳᠠᠨ᠂ ᠥᠭᠦᠯᠡᠬᠦ ᠥᠴᠢᠬᠦ ᠲᠡᠭᠦᠨ ᠯᠦ᠍ᠭᠡ ᠮᠠᠰᠢ ᠰᠠᠨᠠᠭ᠎ᠠ ᠨᠡᠢᠴᠡᠬᠦ ᠲᠤᠯᠠ ᠰᠣᠨᠣᠰᠴᠤ ᠪᠠᠢᠲᠠᠯ᠎ᠠ ᠲᠡᠭᠦᠨ ᠢ᠋ ᠬᠦᠨᠳᠦ ᠡᠷᠡᠭᠦᠦ ᠪᠡᠷ ᠡᠷᠡᠭᠦᠳᠡᠮᠦᠢ ᠬᠡᠮᠡᠬᠦᠢ ᠳ᠋ᠦ᠍ᠷ ᠰᠠᠨᠠᠮᠰᠠᠷ ᠦᠭᠡᠢ ᠰᠠᠨᠳᠤᠷᠤᠨ ᠰᠥᠭᠥᠳᠦᠭᠰᠡᠨ ᠠᠵᠤᠭᠤ᠃ ᠲᠡᠭᠦᠨ ᠳ᠋ᠦ᠍ᠷ ᠲᠠᠢᠽᠦ ᠮᠦᠰᠢᠶᠡᠨ ᠥᠭᠦᠯᠡᠷᠦᠨ:《ᠢᠳᠡᠷ ᠳᠣᠪᠣ ᠶ᠋ᠢᠨ ᠭᠤᠶᠤᠭᠰᠠᠨ ᠢ᠋ᠶ᠋ᠡᠷ ᠡᠷᠡᠭᠦᠳᠡᠬᠦ ᠶ᠋ᠢ ᠵᠣᠭᠰᠣᠵᠤ ᠡᠭᠦᠨ ᠢ᠋ ᠡᠨᠳᠡ ᠦᠯᠡᠳᠡᠭᠡᠬᠦ ᠪᠠ ᠤᠯᠤᠰ ᠲᠤᠷ ᠠᠪᠠᠴᠢᠬᠤ ᠶ᠋ᠢ ᠳ᠋ᠦ᠍ᠷ ᠪᠣᠳᠣᠵᠤ ᠲᠣᠭᠲᠠᠭᠠᠶ᠎ᠠ᠃》ᠬᠡᠮᠡᠵᠦ ᠠᠲᠠᠯ᠎ᠠ ᠶᠡᠨᠳᠡᠷ ᠦ᠋ᠨ ᠳᠣᠣᠷ᠎ᠠ ᠠ᠋ᠴᠠ ᠬᠤᠢᠯᠠᠳᠠᠷ ᠭᠠᠷᠴᠤ ᠲᠠᠢᠽᠦ ᠳ᠋ᠦ᠍ᠷ ᠨᠢᠭᠡᠨ ᠪᠢᠴᠢᠬᠠᠨ ᠪᠠᠭᠯᠠᠭᠠᠲᠤ ᠶᠠᠭᠤᠮ᠎ᠠ ᠪᠠᠷᠢᠪᠠ᠃ ᠲᠠᠢᠽᠦ ᠠᠪᠴᠤ ᠦᠵᠡᠪᠡᠰᠦ ᠨᠢᠭᠡᠨ ᠴᠠᠭᠠᠰᠤᠨ ᠳ᠋ᠤᠷ ᠮᠠᠩᠬ᠎ᠠ ᠭᠠᠵᠠᠷ ᠤᠷᠠᠬ᠎ᠠ ᠴᠢᠳᠥᠷ ᠢ᠋ ᠵᠢᠷᠤᠵᠤᠬᠤᠢ᠃ ᠲᠠᠢᠽᠦ ᠭᠡᠨᠡᠳᠲᠡ ᠤᠴᠢᠷ ᠢ᠋ ᠤᠬᠠᠭᠠᠳ ᠨᠠᠷᠠᠨ ᠬᠠᠭᠠᠨ ᠢ᠋ ᠬᠣᠷᠢᠭᠤᠯ ᠲᠡᠷᠭᠡᠨ ᠳ᠋ᠦ᠍ᠷ ᠬᠣᠷᠢᠵᠤ ᠬᠠᠰᠠᠷ ᠢ᠋ᠶ᠋ᠠᠷ ᠬᠠᠷᠠᠭᠠᠯᠵᠠᠭᠤᠯᠤᠨ ᠤᠯᠤᠰ ᠲᠤᠷ ᠢ᠋ᠶ᠋ᠠᠨ ᠢᠯᠡᠭᠡᠵᠦ ᠶᠠᠪᠤᠭᠤᠯᠪᠠ᠃ ᠲᠠᠢᠽᠦ ᠳᠠᠷᠤᠢ ᠶᠡᠬᠡ ᠴᠡᠷᠢᠭ ᠢ᠋ ᠠᠪᠴᠤ ᠭᠣᠷᠯᠣᠰ ᠲᠤᠷ ᠢᠷᠡᠬᠦᠶ᠎ᠡ ᠵᠠᠮ ᠳ᠋ᠤᠷ ᠳᠥᠷᠪᠡᠨ ᠪᠠᠷᠰ ᠤ᠋ᠨ ᠵᠠᠩᠵᠤᠨ ᠳᠠᠷᠠᠭ᠎ᠠ ᠳᠠᠷᠠᠭ᠎ᠠ ᠪᠠᠷ ᠤᠭᠲᠤᠵᠤ ᠪᠠᠶᠠᠷ ᠲᠤᠷ ᠮᠥᠷᠭᠥᠨ ᠤᠭᠲᠤᠪᠠ᠃ ᠲᠡᠳᠦᠢ ᠮᠤᠬᠤᠯᠢ ᠬᠣᠲᠠ ᠶ᠋ᠢᠨ ᠬᠠᠭᠠᠯᠭ᠎ᠠ ᠶ᠋ᠢ ᠨᠡᠭᠡᠭᠡᠨ ᠰᠥᠭᠥᠳᠴᠦ ᠤᠭᠲᠤᠨ ᠡᠵᠡᠨ ᠲᠦᠰᠢᠮᠡᠯ ᠶᠡᠬᠡᠯ᠎ᠡ ᠪᠠᠶᠠᠰᠤᠯᠴᠠᠨ᠂ ᠬᠣᠲᠠᠨ ᠳ᠋ᠤᠷ ᠣᠷᠣᠵᠤ ᠤᠷᠲᠤ ᠬᠠᠷᠰᠢ ᠳ᠋ᠤᠷ ᠰᠠᠭᠤᠵᠤ ᠦᠵᠡᠪᠡᠰᠦ ᠨᠠᠷᠢᠨ ᠨᠢᠭᠲᠠ ᠠᠨᠤ ᠲᠤᠭᠮᠤᠭ ᠲᠤᠷ ᠦᠯᠦ ᠬᠦᠷᠬᠦ ᠪᠣᠯᠪᠠᠴᠤ ᠠᠰᠠᠷ ᠬᠠᠢᠰᠠᠩ ᠤ᠋ᠨ ᠶᠡᠬᠡ ᠪᠠ ᠡᠷᠦᠬᠡ ᠠᠮᠠᠨ ᠤ᠋ ᠦᠯᠡᠮᠵᠢ ᠣᠯᠠᠨ ᠬᠢᠭᠡᠳ ᠰᠠᠩ ᠬᠥᠮᠥᠷᠭᠡ ᠶ᠋ᠢᠨ ᠪᠠᠶᠠᠨ ᠡᠯᠪᠡᠭ ᠢᠨᠤ ᠲᠤᠭᠮᠤᠭ ᠠ᠋ᠴᠠ ᠶᠡᠬᠡᠯ᠎ᠡ ᠦᠯᠡᠮᠵᠢ᠃ ᠣᠯᠠᠨ ᠵᠠᠩᠵᠤᠨ ᠴᠡᠷᠢᠭ ᠦ᠋ᠨ ᠭᠠᠪᠢᠶ᠎ᠠ ᠶ᠋ᠢ ᠢᠯᠭᠠᠨ ᠰᠠᠯᠭᠠᠵᠤ ᠬᠦᠨᠳᠦᠳᠡ ᠱᠠᠩᠨᠠᠨ ᠬᠥᠬᠢᠭᠦᠯᠬᠦᠢ ᠳ᠋ᠦ᠍ᠷ ᠭᠣᠷᠯᠣᠰ ᠤ᠋ᠨ ᠰᠠᠩ ᠬᠥᠮᠥᠷᠭᠡ ᠶ᠋ᠢᠨ ᠪᠠᠭ᠎ᠠ ᠬᠠᠭᠠᠰ ᠢ᠋ ᠬᠡᠷᠡᠭᠯᠡᠵᠦᠬᠦᠢ᠂ ᠪᠤᠳᠠᠭ᠎ᠠ ᠶ᠋ᠢᠨ ᠰᠠᠩ ᠢ᠋ ᠨᠡᠭᠡᠭᠡᠵᠦ ᠭᠣᠷᠯᠣᠰ ᠤ᠋ᠨ ᠴᠡᠷᠢᠭ ᠢᠷᠭᠡᠨ ᠳ᠋ᠦ᠍ᠷ ᠢᠨᠤ ᠱᠠᠩᠨᠠᠨ ᠲᠦᠭᠡᠭᠡᠪᠡ᠃ ᠳᠠᠷᠠᠭ᠎ᠠ ᠡᠵᠡᠨ ᠲᠦᠰᠢᠮᠡᠯ ᠶᠡᠬᠡ ᠬᠤᠷᠢᠮ ᠬᠤᠷᠢᠮᠯᠠᠬᠤᠢ ᠳ᠋ᠤᠷ ᠲᠠᠢᠽᠦ᠂ ᠡᠨᠡ ᠬᠣᠲᠠ ᠶ᠋ᠢ ᠶᠠᠭᠠᠬᠢᠨ ᠠᠪᠤᠭᠰᠠᠨ ᠢ᠋ ᠮᠤᠬᠤᠯᠢ ᠠ᠋ᠴᠠ ᠠᠰᠠᠭᠤᠭᠰᠠᠨ ᠳ᠋ᠤᠷ ᠮᠤᠬᠤᠯᠢ ᠮᠡᠳᠡᠭᠦᠯᠦᠷᠦᠨ :《ᠡᠨᠡ ᠬᠣᠲᠠ ᠶ᠋ᠢ ᠠᠪᠤᠭᠰᠠᠨ ᠠᠨᠤ ᠲᠦᠰᠢᠮᠡᠯ ᠮᠢᠨᠦ ᠰᠠᠢᠨ ᠳ᠋ᠤᠷ ᠪᠤᠰᠤ᠂ ᠨᠠᠷᠠᠨ ᠬᠠᠭᠠᠨ ᠤ᠋ ᠡᠨᠳᠡᠭᠦᠷᠡᠭᠰᠡᠨ ᠳ᠋ᠦ᠍ᠷ ᠪᠣᠯᠪᠠ᠃》ᠭᠡᠮᠡᠨ ᠲᠡᠳᠡᠨ ᠦ᠌ ᠭᠢᠨᠳᠠᠨ ᠳ᠋ᠤᠷ ᠪᠠᠢᠭᠰᠠᠨ ᠨᠠᠢ᠍ᠮᠠᠨ ᠵᠠᠩᠵᠤᠨ ᠨᠠᠷ ᠢ᠋ ᠭᠠᠷᠭᠠᠵᠤ ᠠᠪᠴᠢᠷᠠᠨ ᠲᠠᠢᠽᠦ ᠳ᠋ᠦ᠍ᠷ ᠮᠥᠷᠭᠥᠭᠦᠯᠦᠭᠰᠡᠨ ᠳ᠋ᠦ᠍ᠷ ᠲᠠᠢᠽᠦ ᠦᠵᠡᠪᠡᠰᠦ ᠨᠠᠢ᠍ᠮᠠᠨ ᠬᠥᠮᠦᠨ ᠨᠢᠭᠡᠨ ᠳᠠᠭᠤᠨ ᠢ᠋ᠶ᠋ᠠᠷ ᠥᠴᠢᠵᠦ ᠤᠬᠢᠯᠠᠬᠤᠢ ᠳ᠋ᠤᠷ ᠲᠠᠢᠽᠦ ᠮᠤᠬᠤᠯᠢ ᠶ᠋ᠢ ᠬᠠᠷᠠᠵᠤ ᠦᠵᠡᠪᠡᠰᠦ ᠮᠤᠬᠤᠯᠢ ᠦᠯᠦ ᠮᠡᠳᠡᠭᠴᠢ ᠪᠡᠷ ᠬᠣᠶᠠᠷ ᠰᠠᠪᠠ ᠪᠠᠨ ᠰᠠᠯᠭᠠᠵᠤ ᠪᠠᠷᠢᠭᠰᠠᠨ ᠳ᠋ᠤᠷ ᠲᠠᠢᠽᠦ ᠪᠠᠶᠠᠷᠯᠠᠵᠤ :《ᠡᠨᠡ ᠨᠠᠢ᠍ᠮᠠᠨ ᠬᠥᠮᠦᠨ ᠵᠢᠷᠤᠮᠲᠤ ᠰᠡᠳᠬᠢᠯ ᠲᠡᠢ ᠶ᠋ᠢ ᠰᠠᠢᠰᠢᠶᠠᠵᠤ᠂ ᠲᠠᠨ ᠢ᠋ ᠭᠢᠨᠳᠠᠨ ᠠ᠋ᠴᠠ ᠭᠠᠷᠭᠠᠵᠤ ᠳᠥᠷᠪᠡᠨ ᠳᠡᠭᠦᠦ᠂ ᠳᠥᠷᠪᠡᠨ ᠬᠦᠯᠦᠭ ᠦ᠋ᠨ ᠳᠣᠣᠷ᠎ᠠ ᠲᠦᠰᠢᠮᠡᠯ ᠪᠣᠯᠭᠠᠨ ᠴᠡᠷᠢᠭ ᠦ᠋ᠨ ᠡᠮᠦᠨ᠎ᠡ ᠵᠢᠳᠬᠦᠭᠦᠯᠵᠦ ᠳᠡᠪᠰᠢᠭᠦᠯᠦᠨ ᠬᠡᠷᠡᠭᠯᠡᠰᠦᠭᠡᠢ !》ᠬᠡᠮᠡᠭᠰᠡᠨ ᠳ᠋ᠦ᠍ᠷ ᠪᠦᠭᠦᠳᠡᠭᠡᠷ ᠨᠢᠯᠪᠤᠰᠤᠨ ᠤᠨᠠᠭᠠᠵᠤ ᠮᠥᠷᠭᠥᠵᠦ ᠭᠠᠷᠪᠠ᠃ ᠡᠨᠡ ᠦᠶ᠎ᠡ ᠳ᠋ᠦ᠍ᠷ ᠪᠤᠬ᠎ᠠ ᠴᠠᠭᠠᠨ ᠬᠠᠭᠠᠨ ᠰᠠᠶᠢ ᠰᠣᠭᠲᠣᠭᠰᠠᠨ ᠠ᠋ᠴᠠ ᠰᠡᠷᠭᠦᠵᠦ ᠵᠡᠭᠦᠳᠦᠨ ᠡᠴᠡ ᠰᠡᠷᠢᠭᠰᠡᠨ ᠮᠡᠲᠦ ᠪᠸᠲ᠋ᠠ᠋ ᠤᠯᠤᠰ ᠤ᠋ᠨ ᠡᠵᠡᠨ ᠲᠦᠰᠢᠮᠡᠯ ᠦ᠋ᠨ ᠡᠨᠡ ᠮᠡᠲᠦ ᠭᠠᠢᠬᠠᠮᠰᠢᠭ᠋ ᠢ᠋ ᠰᠢᠲᠦᠵᠦ ᠰᠦᠰᠦᠭᠯᠡᠪᠡ᠃ 
       ᠲᠡᠳᠦᠢ ᠭᠣᠷᠯᠣᠰ ᠤ᠋ᠨ ᠪᠤᠰᠤ ᠬᠣᠲᠠᠨ ᠢ᠋ ᠡᠩᠭᠦᠳ ᠦ᠋ᠨ ᠲᠦᠳᠡᠬᠦ ᠲᠦᠷᠭᠡᠨ᠂ ᠪᠠᠶᠠᠭᠤᠳ ᠤ᠋ᠨ ᠥᠯᠵᠡᠢ ᠬᠣᠶᠠᠭᠤᠯᠠ ᠪᠠᠷ ᠬᠠᠷᠠᠭᠠᠯᠵᠠᠭᠤᠯᠤᠨ ᠰᠠᠬᠢᠭᠤᠯᠵᠤ᠂ ᠶᠡᠬᠡ ᠬᠣᠲᠠ ᠳ᠋ᠤᠷ ᠪᠤᠬ᠎ᠠ ᠴᠠᠭᠠᠨ ᠬᠠᠭᠠᠨ ᠢ᠋ ᠳᠡᠪᠰᠢᠭᠦᠯᠦᠨ ᠢᠷᠡᠭᠦᠯᠵᠦ᠂ ᠨᠠᠷᠠᠨ ᠬᠠᠭᠠᠨ ᠤ᠋ ᠪᠠᠭ᠎ᠠ ᠬᠥᠪᠡᠭᠦᠨ ᠢ᠋ ᠭᠡᠷ ᠦ᠋ᠨ ᠣᠯᠠᠨ ᠲᠠᠢ ᠬᠠᠮᠲᠤ ᠶ᠋ᠢ ᠳ᠋ᠦ᠍ᠷ ᠬᠠᠷᠠᠭᠠᠯᠵᠠᠨ ᠬᠠᠮᠢᠶᠠᠷ ᠭᠡᠮᠡᠨ ᠲᠣᠭᠲᠠᠭᠠᠪᠠ᠃ 
       ᠲᠡᠳᠦᠢ ᠵᠤᠨ ᠤ᠋ ᠬᠠᠯᠠᠭᠤᠨ ᠢ᠋ ᠭᠣᠷᠯᠣᠰ ᠲᠤᠷ ᠵᠤᠰᠠᠬᠤᠶ᠎ᠠ᠂ ᠨᠡᠩᠳᠡ ᠪᠸᠲ᠋ᠠ᠋ ᠤᠯᠤᠰ ᠤ᠋ᠨ ᠭᠠᠵᠠᠷ ᠠ᠋ᠴᠠ ᠬᠠᠯᠠᠭᠤᠨ ᠪᠥᠭᠡᠳ ᠵᠡᠭᠦᠨ ᠪᠡᠶ᠎ᠡ ᠶᠡᠬᠡ ᠬᠠᠷ᠎ᠠ ᠮᠥᠷᠡᠨ ᠦ᠌ ᠵᠢᠭᠠᠰᠤ ᠬᠢᠰᠤᠭ᠎ᠠ ᠵᠦᠢᠯ ᠮᠠᠰᠢ ᠡᠯᠪᠡᠭ ᠲᠣᠷ ᠮᠥᠷᠡᠨ ᠦ᠌ ᠤᠰᠤ ᠵᠥᠭᠡᠯᠡᠨ᠂ ᠡᠪᠡᠰᠦ ᠥᠩᠭᠡᠲᠡᠢ ᠳ᠋ᠦ᠍ᠷ ᠪᠸᠲ᠋ᠠ᠋ ᠤᠯᠤᠰ ᠤ᠋ᠨ ᠴᠡᠷᠢᠭ ᠦ᠋ᠨ ᠮᠣᠷᠢᠳ ᠶᠡᠬᠡᠯ᠎ᠡ ᠲᠠᠷᠭᠤᠯᠠᠨ ᠲᠡᠭᠰᠢᠷᠡᠵᠦ ᠭᠠᠷᠪᠠ᠃ ᠲᠡᠳᠦᠢ ᠣᠯᠤᠭᠰᠠᠨ ᠬᠤᠶᠠᠭ ᠵᠡᠪᠰᠡᠭ ᠢ᠋ ᠴᠥᠮ ᠬᠠᠰᠠᠷ ᠠᠪᠴᠤ ᠤᠷᠢᠳᠠ ᠤᠯᠤᠰ ᠲᠤᠷ ᠬᠠᠷᠢᠭᠰᠠᠨ ᠲᠤᠯᠠ ᠨᠠᠮᠤᠷ ᠤ᠋ᠨ ᠰᠡᠭᠦᠯ ᠰᠠᠷ᠎ᠠ ᠳ᠋ᠤᠷ ᠴᠡᠷᠢᠭ ᠡᠭᠡᠬᠦᠢ ᠳ᠋ᠦ᠍ᠷ ᠮᠠᠰᠢ ᠳᠥᠭᠥᠮ᠃ ᠰᠠᠩ ᠬᠥᠮᠥᠷᠭᠡ ᠶ᠋ᠢᠨ ᠬᠦᠨᠳᠦ ᠨᠠᠷᠢᠨ ᠢ᠋ ᠠᠪᠴᠤ ᠲᠠᠪᠤᠨ ᠮᠢᠩᠭᠠᠨ ᠲᠡᠮᠡᠭᠡᠨ ᠠᠴᠢᠶ᠎ᠠ ᠪᠠᠷ ᠬᠠᠷᠢᠵᠤ ᠢᠷᠡᠬᠦᠶ᠎ᠡ᠂ ᠲᠠᠢᠽᠦ ᠮᠤᠬᠤᠯᠢ ᠶ᠋ᠢᠨ ᠵᠦᠭ ᠥᠭᠦᠯᠡᠷᠦᠨ: 《ᠡᠭᠦᠨ ᠡᠴᠡ ᠵᠡᠭᠦᠨ ᠵᠠᠬ᠎ᠠ ᠶᠠᠭᠤᠨ ᠳ᠋ᠤᠷ ᠲᠤᠯᠤᠮᠤᠢ ?》ᠮᠤᠬᠤᠯᠢ ᠮᠡᠳᠡᠭᠦᠯᠦᠷᠦᠨ :《ᠨᠣᠬᠠᠢ ᠶ᠋ᠢᠨ ᠴᠢᠷᠠᠢᠲᠤ ᠤᠯᠤᠰ ᠲᠤᠷ ᠲᠤᠯᠤᠮᠤᠢ᠃ 》ᠲᠠᠢᠽᠦ ᠪᠠᠰᠠ ᠠᠰᠠᠭᠤᠷᠤᠨ :《ᠲᠡᠷᠡ ᠤᠯᠤᠰ ᠢ᠋ ᠬᠡᠷᠬᠢᠮᠦᠢ ? 》ᠮᠤᠬᠤᠯᠢ ᠮᠡᠳᠡᠭᠦᠯᠦᠷᠦᠨ :《ᠲᠡᠭᠦᠨ ᠢ᠋ ᠬᠢᠵᠠᠭᠠᠷ ᠤ᠋ᠨ ᠭᠠᠳᠠᠨ᠎ᠠ ᠪᠣᠯᠭᠠᠪᠠᠰᠤ ᠵᠣᠬᠢᠮᠤᠢ᠃》 ᠬᠡᠮᠡᠭᠰᠡᠨ ᠳ᠋ᠦ᠍ᠷ ᠲᠠᠢᠽᠦ ᠮᠢᠨᠦ ᠰᠠᠨᠠᠭ᠎ᠠ ᠲᠠᠢ ᠨᠡᠢᠯᠡᠪᠡ ᠭᠡᠮᠡᠨ ᠦᠭᠡ ᠭᠠᠷᠬᠤ ᠶ᠋ᠢᠨ ᠵᠠᠪᠰᠠᠷ᠎ᠡ ᠭᠤᠷᠪᠠᠨ ᠠᠢᠮᠠᠭ ᠤ᠋ᠨ ᠴᠡᠷᠢᠭ ᠬᠦᠷᠴᠦ ᠢᠷᠡᠭᠰᠡᠨ ᠳ᠋ᠦ᠍ᠷ ᠡᠨᠡ ᠤᠳᠠᠭ᠎ᠠ ᠮᠥᠨ ᠭᠤᠷᠪᠠᠨ ᠠᠢᠮᠠᠭ ᠤ᠋ᠨ ᠴᠡᠷᠢᠭ ᠶᠡᠬᠡᠯ᠎ᠡ ᠵᠢᠳᠬᠦᠨ ᠭᠠᠪᠢᠶ᠎ᠠ ᠪᠠᠢᠭᠤᠯᠤᠭᠰᠠᠨ ᠲᠤᠯᠠ ᠲᠠᠢᠽᠦ ᠮᠠᠰᠢ ᠰᠠᠢᠰᠢᠶᠠᠵᠤ᠂ ᠡᠭᠦᠨᠴᠡ ᠬᠣᠢᠰᠢ ᠲᠠᠢᠽᠦ ᠶ᠋ᠢ ᠪᠠᠢᠯᠳᠤᠭᠠᠨ ᠳ᠋ᠤᠷ ᠭᠠᠷᠪᠠᠰᠤ ᠡᠭᠦᠷᠢ ᠳᠠᠭᠠᠭᠤᠯᠬᠤ ᠪᠠᠷ ᠲᠣᠭᠲᠠᠭᠠᠪᠠ᠃
       ᠲᠡᠨᠳᠡᠴᠡ ᠲᠠᠢᠽᠦ ᠶᠡᠬᠡ ᠴᠡᠷᠢᠭ ᠢ᠋ᠶ᠋ᠡᠷ ᠤᠯᠤᠰ ᠲᠤᠷ ᠢ᠋ᠶ᠋ᠠᠨ ᠡᠭᠡᠨ ᠣᠷᠣᠵᠤ ᠢᠷᠡᠬᠦᠶ᠎ᠡ᠂ ᠤᠷᠢᠳᠠ ᠬᠣᠶᠠᠷ ᠬᠥᠪᠡᠭᠦᠨ ᠵᠣᠴᠢ᠂ ᠴᠠᠭᠠᠲᠠᠢ ᠬᠣᠶᠠᠭᠤᠯᠠ ᠶ᠋ᠢ ᠥᠵᠢᠨ ᠡᠮᠡᠭᠡ ᠶ᠋ᠢᠨ ᠠᠮᠤᠭᠤᠯᠠᠩ ᠢ᠋ ᠡᠷᠢᠭᠦᠯᠦᠷ᠎ᠡ ᠵᠠᠷᠤᠪᠠ᠃ ᠳᠠᠭᠠᠯᠳᠤᠭ᠎ᠠ ᠲᠡᠷᠢᠭᠦᠨ ᠣᠳᠤᠯᠭᠠᠨ ᠳ᠋ᠤᠷ ᠬᠦᠷᠭᠡᠨ ᠪᠤᠲᠸ᠋ ᠤ᠋ᠨ ᠬᠥᠪᠡᠭᠦᠨ ᠨᠠᠨᠰᠠᠷ᠂ ᠵᠡᠯᠮ᠎ᠡ ᠶ᠋ᠢᠨ ᠬᠥᠪᠡᠭᠦᠨ ᠴᠡᠴᠡᠭ ᠬᠣᠶᠠᠭᠤᠯᠠ ᠢᠷᠡᠪᠡ᠃ ᠬᠣᠶᠠᠷ ᠪᠢᠴᠢᠬᠠᠨ ᠵᠠᠩᠵᠤᠨ ᠤ᠋ ᠲᠥᠷᠥᠭᠰᠡᠨ ᠢᠨᠤ ᠮᠠᠰᠢ ᠬᠡᠭᠡᠨᠴᠢᠷ ᠰᠠᠢᠬᠠᠨ᠂ ᠦᠵᠡᠵᠦ ᠰᠢᠨᠵᠢᠬᠦᠶ᠎ᠡ ᠨᠡᠩ ᠦᠵᠡᠰᠬᠦᠯᠡᠩ᠃ ᠨᠡᠩᠳᠡ ᠵᠠᠯᠮ᠎ᠠ ᠶ᠋ᠢᠨ ᠬᠥᠪᠡᠭᠦᠨ ᠠᠷᠪᠠᠨ ᠳᠥᠷᠪᠡ ᠲᠠᠪᠤᠨ ᠨᠠᠰᠤ ᠲᠠᠢ ᠪᠥᠭᠡᠳ ᠠᠯᠬᠤᠬᠤ ᠭᠢᠰᠬᠢᠬᠦ ᠲᠥᠪ ᠨᠣᠮᠣᠬᠠᠨ᠂ ᠥᠭᠦᠯᠡᠵᠦ ᠥᠴᠢᠬᠦ ᠬᠤᠷᠴᠠ᠂ ᠴᠢᠷᠠᠢ ᠠᠨᠤ ᠲᠡᠷᠭᠡᠯ ᠰᠠᠷᠠᠨ ᠮᠡᠲᠦ᠂ ᠥᠩᠭᠡ ᠢᠨᠤ ᠴᠠᠭᠠᠨ ᠬᠠᠰ ᠠᠳᠠᠯᠢ᠃ ᠡᠢᠨ ᠬᠦ᠌ ᠴᠣᠭ ᠭᠡᠷᠡᠯ ᠭᠤᠸ᠎ᠠ ᠦᠵᠡᠰᠬᠦᠯᠡᠩ ᠬᠣᠣᠰ ᠪᠦᠷᠢᠳᠦᠭᠰᠡᠨ ᠳ᠋ᠦ᠍ᠷ ᠲᠠᠢᠽᠦ ᠵᠢᠭᠡ ᠬᠡᠦᠬᠡᠳ ᠨᠠᠷ ᠢ᠋ᠶ᠋ᠠᠨ ᠭᠠᠷ ᠠ᠋ᠴᠠ ᠪᠠᠷᠢᠵᠤ ᠥᠭᠦᠯᠡᠷᠦᠨ:《ᠯᠤᠤ ᠠ᠋ᠴᠠ ᠮᠣᠭᠠᠢ ᠦᠯᠦ ᠲᠥᠷᠥᠬᠦ᠂ ᠮᠣᠷᠢᠨ ᠠ᠋ᠴᠠ ᠭᠥᠯᠥᠭᠡ ᠦᠯᠦ ᠲᠥᠷᠥᠬᠦ᠂ ᠡᠨᠡ ᠬᠣᠶᠠᠷ ᠬᠡᠦᠬᠡᠳ ᠠᠮᠤᠭᠤᠯᠠᠩ ᠢ᠋ᠶ᠋ᠠᠷ ᠡᠷᠬᠢᠮ ᠦ᠋ᠨ ᠲᠤᠢᠯ ᠳ᠋ᠤᠷ ᠬᠥᠷᠥᠮᠦᠢ 》ᠬᠡᠮᠡᠪᠡ᠃ ᠬᠣᠶᠠᠳᠤᠭᠠᠷ ᠤᠲᠤᠯᠭᠠᠨ ᠳ᠋ᠤ᠌ ᠬᠠᠰᠠᠷ ᠤ᠋ᠨ ᠬᠥᠪᠡᠭᠦᠨ ᠳᠠᠵᠤ᠂ ᠲᠠᠢᠽᠦ ᠶ᠋ᠢᠨ ᠬᠥᠪᠡᠭᠦᠨ ᠥᠭᠡᠳᠡᠢ ᠬᠣᠶᠠᠭᠤᠯᠠ ᠢᠷᠡᠪᠡ᠃ ᠭᠤᠷᠪᠠᠳᠤᠭᠠᠷ ᠣᠳᠤᠯᠭᠠᠨ ᠳ᠋ᠤᠷ ᠲᠠᠢᠽᠦ ᠶ᠋ᠢᠨ ᠤᠳᠬᠤᠨ ᠬᠥᠪᠡᠭᠦᠨ ᠲᠣᠯᠢ᠂ ᠣᠯᠠᠨ ᠰᠠᠢᠳ ᠲᠦᠰᠢᠮᠡᠳ ᠦ᠋ᠨ ᠬᠡᠦᠬᠡᠳ ᠭᠤᠴᠢᠨ ᠵᠢᠷᠭᠤᠭᠠᠨ ᠪᠠᠭ᠎ᠠ ᠵᠠᠩᠵᠤᠨ ᠨᠠᠷ ᠢ᠋ ᠠᠪᠴᠤ ᠤᠭᠲᠤᠪᠠ᠃ ᠲᠠᠢᠽᠦ ᠳᠠᠷᠤᠢ ᠣᠷᠳᠣᠨ ᠳ᠋ᠤᠷ ᠪᠠᠭᠤᠵᠤ ᠥᠵᠢᠨ ᠡᠮᠡᠭᠡ ᠳ᠋ᠦ᠍ᠷ ᠮᠥᠷᠭᠥᠵᠦ : 《ᠣᠳᠣ ᠣᠷᠴᠢᠨ ᠲᠣᠭᠣᠷᠢᠨ ᠲᠦᠮᠡᠨ ᠭᠠᠵᠠᠷ ᠡᠰᠡᠷᠭᠦᠴᠡᠯ ᠦᠭᠡᠢ ᠪᠣᠯᠪᠠ᠂ ᠰᠥᠨᠢ ᠠᠮᠤᠷ ᠤᠮᠳᠠᠵᠤ ᠪᠣᠯᠬᠤ ᠴᠠᠭ ᠲᠤᠷ ᠲᠤᠯᠪᠠ  》ᠭᠡᠮᠡᠨ ᠨᠠᠮᠤᠷ ᠤ᠋ᠨ ᠲᠠᠷᠭᠤᠨ ᠳ᠋ᠤᠷ ᠶᠡᠬᠡ ᠪᠠᠶᠠᠷ ᠬᠢᠬᠦᠢ ᠳ᠋ᠦ᠍ᠷ ᠬᠠᠷᠢᠶᠠᠲᠤ ᠡᠵᠡᠯᠡᠭᠰᠡᠨ ᠣᠯᠠᠨ ᠠᠢᠮᠠᠭ ᠤ᠋ᠨ ᠡᠵᠡᠳ ᠴᠥᠮ ᠴᠤᠭᠯᠠᠨ ᠢᠷᠡᠭᠰᠡᠨ᠎ᠡ᠂ ᠪᠦᠬᠦ ᠪᠡᠯᠭᠦᠳᠡᠢ ᠡᠷᠲᠡᠨ ᠡᠴᠡ ᠨᠠᠢ᠍ᠮᠠᠨ ᠬᠡᠷᠡᠢᠳ ᠦ᠋ᠨ ᠵᠠᠭᠤᠴᠢ ᠲᠤᠯᠠ ᠠᠯᠲᠠᠨᠱᠠᠭ᠎ᠠ ᠶ᠋ᠢᠨ ᠪᠡᠯᠪᠡᠰᠦᠷᠡᠯ ᠳᠦᠭᠦᠷᠦᠭᠰᠡᠨ ᠳ᠋ᠦ᠍ᠷ ᠲᠠᠢᠽᠦ ᠳ᠋ᠦ᠍ᠷ ᠮᠡᠳᠡᠭᠦᠯᠦᠭᠰᠡᠨ᠎ᠡ ᠲᠠᠢᠽᠦ ᠰᠠᠨᠠᠭᠠᠯᠵᠠᠵᠤ :《ᠠᠯᠲᠠᠨᠱᠠᠭ᠎ᠠ ᠶ᠋ᠢ ᠡᠳᠦᠭᠡ ᠰᠠᠷᠬᠤᠳ ᠤ᠋ᠨ ᠬᠤᠷᠢᠮ ᠲᠣᠢ ᠪᠠᠨ ᠠᠪᠴᠤ ᠢᠷᠡᠨ ᠪᠡᠯᠡᠭ ᠢ᠋ᠶ᠋ᠡᠨ ᠲᠤᠰᠢᠶᠠᠨ᠂ ᠡᠨᠡ ᠡᠪᠦᠯ ᠦ᠋ᠨ ᠰᠡᠭᠦᠯ ᠰᠠᠷ᠎ᠠ ᠳ᠋ᠤᠷ ᠰᠣᠯᠤᠩᠭᠤᠸ᠎ᠠ ᠶ᠋ᠢ ᠪᠠᠭᠤᠯᠭᠠᠨ ᠠᠪᠠᠴᠢᠬᠤ ᠪᠠ ᠪᠠᠰᠠ ᠰᠣᠯᠤᠩᠭᠤᠸ᠎ᠠ ᠶ᠋ᠢᠨ ᠳᠡᠭᠦᠦ ᠲᠤᠰᠬᠤ ᠳ᠋ᠤᠷ ᠭᠤᠶᠤᠭᠰᠠᠨ – ᠬᠠᠰ ᠲᠤᠶᠠᠭ᠎ᠠ ᠠᠪᠠᠬᠠᠢ ᠶ᠋ᠢ ᠮᠥᠨ ᠪᠠᠭᠤᠯᠭᠠᠨ ᠥᠭᠬᠦ ᠲᠤᠯᠠ ᠡᠨᠡ ᠰᠣᠯᠢᠶᠠᠨ ᠤᠷᠤᠭ ᠢ᠋ ᠨᠢᠭᠡᠨ ᠡᠳᠦᠷ ᠲᠣᠷ ᠲᠣᠭᠲᠠᠭᠠᠵᠤ᠂ ᠮᠢᠨᠦ ᠤᠯᠤᠰ ᠲᠤᠷ ᠢᠷᠡᠵᠦ ᠬᠤᠷᠢᠮ ᠤ᠋ᠨ ᠦᠢᠯᠡ ᠶ᠋ᠢ ᠲᠡᠭᠦᠰᠬᠡ !》ᠭᠡᠮᠡᠨ ᠵᠠᠬᠢᠶ᠎ᠠ ᠪᠠᠭᠤᠯᠭᠠᠪᠠ᠃ ᠬᠥᠭᠡᠷᠦᠬᠦᠢ ᠰᠣᠯᠤᠩᠭᠤᠸ᠎ᠠ ᠬᠡᠦᠬᠡᠨ ᠴᠢᠪ ᠴᠢᠬᠡ ᠬᠦᠯᠢᠶᠡᠭᠰᠡᠭᠡᠷ ᠬᠣᠷᠢᠨ ᠵᠢᠷᠭᠤᠭᠠᠨ ᠨᠠᠰᠤᠯᠠᠵᠤᠬᠤᠢ᠃ ᠪᠠᠰᠠ ᠴᠤ᠌ ᠠᠷᠤ ᠭᠠᠵᠠᠷ ᠤ᠋ᠨ ᠵᠣᠷᠢᠭᠲᠤ ᠥᠬᠢᠨ ᠬᠡᠮᠡᠪᠡᠰᠦ ᠪᠣᠯᠤᠮᠤᠢ᠃ 
       ᠲᠡᠨᠳᠡᠴᠡ ᠲᠠᠢᠽᠦ ᠵᠠᠬᠢᠶ᠎ᠠ ᠪᠠᠭᠤᠯᠭᠠᠨ ᠨᠠᠷᠠᠨ ᠬᠠᠭᠠᠨ ᠢ᠋ ᠬᠠᠮᠢᠭᠠᠰᠢ ᠪᠣᠯᠭᠠᠬᠤ ᠶ᠋ᠢ ᠣᠯᠠᠨ ᠰᠠᠢᠳ ᠢ᠋ ᠵᠥᠪᠯᠡᠵᠦ ᠮᠡᠳᠡᠭᠦᠯ ᠬᠡᠮᠡᠭᠰᠡᠨ ᠳ᠋ᠦ᠍ᠷ ᠲᠣᠷᠭᠠᠨ ᠰᠢᠷ᠎ᠠ᠂ ᠮᠤᠬᠤᠯᠢ᠂ ᠪᠤᠭᠤᠷᠵᠢ ᠨᠠᠷ ᠨᠡᠢᠯᠡᠵᠦ ᠵᠥᠪᠯᠡᠭᠡᠳ ᠨᠠᠷᠠᠨ ᠬᠠᠭᠠᠨ ᠤ᠋ ᠯᠢᠩᠬᠤ᠎ᠠ᠂ ᠮᠠᠨᠳᠠᠷᠠᠸ᠎ᠠ ᠬᠡᠮᠡᠬᠦ ᠬᠣᠶᠠᠷ ᠬᠡᠦᠬᠡᠨ ᠢ᠋ ᠢᠨᠤ ᠪᠤᠭᠤᠷᠤᠯ ᠤ᠋ᠨ ᠪᠤᠳᠣᠯᠠᠩ᠂ ᠤᠬᠠᠭᠠᠨᠲᠤ ᠬᠣᠶᠠᠷ ᠬᠥᠪᠡᠭᠦᠨ ᠳ᠋ᠦ᠍ᠷ ᠢᠨᠤ ᠠᠪᠴᠤ ᠥᠭᠭᠦᠨ᠂ ᠪᠤᠭᠤᠷᠵᠢ ᠶ᠋ᠢᠨ ᠭᠠᠭᠴᠠ ᠥᠬᠢᠨ ᠮᠡᠷᠭᠡᠨ ᠭᠤᠸ᠎ᠠ ᠶ᠋ᠢ ᠨᠠᠷᠠᠨ ᠬᠠᠭᠠᠨ ᠤ᠋ ᠭᠠᠭᠴᠠ ᠬᠥᠪᠡᠭᠦᠨ ᠳ᠋ᠦ᠍ᠷ ᠥᠭᠭᠦᠨ ᠤᠷᠤᠭ ᠪᠠᠷᠢᠯᠳᠤᠭᠠᠳ ᠨᠠᠷᠠᠨ ᠬᠠᠭᠠᠨ ᠤ᠋ ᠶᠠᠯ᠎ᠠ ᠶ᠋ᠢ ᠭᠡᠯᠳᠦᠷᠢᠭᠦᠯᠵᠦ ᠪᠠᠷᠠᠭᠤᠨ ᠡᠮᠦᠨ᠎ᠡ ᠵᠣᠪᠬᠢᠰ ᠤ᠋ᠨ ᠬᠠᠷ᠎ᠠ ᠬᠢᠭᠦᠯ ᠦ᠋ᠨ ᠵᠠᠬ᠎ᠠ ᠳ᠋ᠤᠷ ᠰᠠᠭᠤᠯᠭᠠᠰᠤᠭᠠᠢ ᠬᠡᠮᠡᠭᠰᠡᠨ ᠳ᠋ᠦ᠍ᠷ ᠲᠠᠢᠽᠦ ᠵᠥᠪᠰᠢᠶᠡᠷᠡᠵᠦ᠂ ᠮᠥᠨ ᠬᠦ᠌ ᠬᠣᠢᠲᠤ ᠵᠢᠯ ᠦ᠋ᠨ ᠴᠠᠭᠠᠨ ᠰᠠᠷ᠎ᠠ ᠳ᠋ᠤ᠌ ᠤᠷᠤᠭ ᠢ᠋ ᠲᠣᠭᠲᠠᠭ᠎ᠠ ᠬᠡᠮᠡᠪᠡ᠃ ᠵᠢᠯ ᠰᠠᠷ᠎ᠠ ᠶ᠋ᠢᠨ ᠥᠩᠭᠡᠷᠡᠬᠦ ᠢᠨᠤ ᠬᠠᠷᠪᠤᠭᠰᠠᠨ ᠵᠡᠪᠡ ᠮᠡᠲᠦ ᠲᠦᠷᠭᠡᠨ ᠲᠤᠯᠠ ᠤᠳᠠᠯ ᠦᠭᠡᠢ ᠪᠠᠰᠠ ᠨᠢᠭᠡᠨ ᠵᠢᠯ ᠪᠣᠯᠬᠤ ᠰᠢᠬᠠᠭᠰᠠᠨ ᠳ᠋ᠤᠷ ᠵᠦᠰᠦᠨ ᠬᠠᠲᠤᠨ᠂ ᠰᠣᠯᠤᠩᠭᠤᠸ᠎ᠠ ᠶ᠋ᠢ ᠳᠠᠷᠤᠢ ᠳᠠᠭᠤᠳᠠᠨ ᠠᠪᠴᠢᠷᠠᠭᠤᠯᠵᠤ ᠰᠠᠢᠨ ᠡᠳᠦᠷ ᠢ᠋ ᠬᠦᠯᠢᠶᠡᠪᠡ᠃ ᠠᠯᠲᠠᠨᠱᠠᠭ᠎ᠠ ᠮᠥᠨ ᠬᠡᠦᠬᠡᠨ ᠳᠡᠭᠦᠦ ᠬᠠᠰ ᠲᠤᠶᠠᠭ᠎ᠠ ᠶ᠋ᠢ ᠠᠪᠴᠤ ᠢᠷᠡᠨ ᠪᠤᠷᠬᠠᠨ ᠭᠠᠯᠳᠤᠨ᠎ᠠ ᠶ᠋ᠢᠨ ᠠᠭᠤᠯᠠᠨ ᠤ᠋ ᠪᠠᠷᠠᠭᠤᠨ ᠳᠣᠭᠣᠳᠤ ᠨᠠᠭᠤᠷ ᠤ᠋ᠨ ᠬᠥᠪᠡᠭᠡ ᠳ᠋ᠦ᠍ᠷ ᠶᠡᠬᠡ ᠪᠠᠭᠤᠳᠠᠯ ᠪᠠᠭᠤᠪᠠ᠃ ᠳᠠᠷᠤᠢ ᠰᠠᠢᠨ ᠡᠳᠦᠷ ᠪᠣᠯᠵᠤ ᠵᠦᠰᠦᠨ ᠬᠠᠲᠤᠨ᠂ ᠬᠠᠰᠠᠷ ᠪᠡᠯᠭᠦᠳᠡᠢ ᠬᠣᠶᠠᠭᠤᠯᠠ ᠶ᠋ᠢᠨ ᠬᠠᠲᠤᠨ ᠢ᠋ ᠲᠡᠷᠢᠭᠦᠨ ᠬᠤᠳᠠᠭᠠᠢ ᠪᠣᠯᠭᠠᠵᠤ ᠰᠤᠯᠤᠩᠭᠤᠸ᠎ᠠ ᠶ᠋ᠢ ᠠᠯᠲᠠᠨ ᠰᠤᠪᠤᠳ᠂ ᠮᠠᠩᠨᠤᠭ ᠲᠠᠵᠢ ᠪᠠᠷ ᠤᠯᠤᠰ ᠤ᠋ᠨ ᠭᠦᠩᠵᠦ ᠶ᠋ᠢᠨ ᠬᠠᠤᠯᠢ ᠪᠠᠷ ᠴᠢᠮᠡᠵᠦ᠂ ᠤᠯᠠᠭᠠᠨ ᠲᠡᠷᠭᠡ᠂ ᠳᠣᠯᠣᠭᠠᠨ ᠪᠥᠭᠳᠡᠭᠡ᠂ ᠵᠠᠭᠤᠨ ᠠᠴᠢᠶ᠎ᠠ᠂ ᠮᠢᠩᠭᠠᠨ ᠠᠳᠤᠭᠤ ᠪᠠᠷ ᠵᠠᠰᠠᠵᠤ ᠪᠠᠭᠤᠯᠭᠠᠨ ᠥᠭᠬᠦᠢ ᠳ᠋ᠦ᠍ᠷ ᠠᠯᠲᠠᠨᠱᠠᠭ᠎ᠠ ᠶ᠋ᠢ ᠮᠥᠨ ᠰᠠᠢᠨ ᠡᠳᠦᠷ ᠲᠣᠷ ᠬᠠᠭᠠᠨ ᠤ᠋ ᠬᠥᠪᠡᠭᠦᠨ ᠦ᠌ ᠶᠣᠰᠣ ᠪᠠᠷ ᠴᠢᠮᠡᠭᠯᠡᠭᠦᠯᠵᠦ ᠰᠢᠷ᠎ᠠ ᠵᠢᠯᠣᠭᠣ᠂ ᠬᠠᠰ ᠬᠠᠵᠠᠭᠠᠷ᠂ ᠮᠥᠩᠭᠥᠨ ᠳᠥᠷᠥᠭᠡ᠂ ᠠᠯᠲᠠᠨ ᠡᠮᠡᠭᠡᠯᠲᠦ ᠮᠣᠷᠢ ᠶ᠋ᠢ ᠤᠨᠤᠭᠤᠯᠵᠤ᠂ ᠪᠡᠶ᠎ᠡ ᠳ᠋ᠦ᠍ᠷ ᠯᠤᠤ ᠶ᠋ᠢᠨ ᠠᠯᠲᠠᠨ ᠳᠡᠪᠡᠯ᠂ ᠬᠦᠵᠦᠭᠦᠨ ᠳ᠋ᠦ᠍ᠷ ᠱ᠌ᠢᠷᠦ ᠡᠷᠳᠡᠨᠢ ᠶ᠋ᠢᠨ ᠡᠷᠢᠭᠡ ᠶ᠋ᠢ ᠵᠡᠭᠦᠯᠭᠡᠵᠦ ᠥᠭᠭᠦᠨ᠂ ᠲᠡᠢ ᠰᠡᠴᠡᠨ ᠢ᠋ ᠲᠡᠷᠢᠭᠦᠨ ᠬᠣᠲᠠ ᠪᠣᠯᠭᠠᠨ᠂ ᠬᠠᠰᠠᠷ᠂ ᠪᠡᠯᠭᠦᠳᠡᠢ ᠶ᠋ᠢ ᠳᠡᠳ᠋ ᠬᠣᠲᠠ ᠪᠣᠯᠭᠠᠵᠤ᠂ ᠳᠥᠷᠪᠡᠨ ᠬᠦᠯᠦᠭ ᠨᠠᠷ ᠮᠥᠨ ᠬᠠᠮᠲᠤ ᠪᠠᠷ ᠬᠦᠷᠭᠡᠵᠦ᠂ ᠳᠠᠭᠠᠯᠲᠠ ᠨᠠᠷ ᠢ᠋ ᠮᠥᠨ ᠠᠪᠠᠬᠠᠢ ᠯᠤᠭ᠎ᠠ ᠲᠡᠩᠴᠡᠮᠡᠷ ᠵᠠᠰᠠᠯ ᠢ᠋ ᠪᠦᠷᠢᠳᠬᠡᠨ ᠪᠠᠭᠤᠯᠭᠠᠨ ᠥᠭᠴᠦ ᠳᠣᠭᠣᠳᠤ ᠨᠠᠭᠤᠷ ᠤ᠋ᠨ ᠲᠠᠯ᠎ᠠ ᠳ᠋ᠤᠷ ᠲᠡᠭᠷᠢ ᠭᠠᠵᠠᠷ ᠲᠤᠷ ᠮᠥᠷᠭᠥᠵᠦ᠂ ᠪᠠᠰᠠ ᠴᠢᠨᠠᠳᠤ ᠠ᠋ᠴᠠ ᠬᠠᠰ ᠲᠤᠶᠠᠭ᠎ᠠ ᠠᠪᠠᠬᠠᠢ ᠶ᠋ᠢ ᠦᠭᠬᠦᠢ ᠳ᠋ᠦ᠍ᠷ ᠮᠥᠨ ᠶᠣᠰᠣᠭᠠᠷ ᠬᠦᠷᠭᠡᠵᠦ ᠢᠷᠡᠭᠡᠳ ᠬᠣᠶᠠᠷ ᠬᠤᠷᠢᠮ ᠬᠠᠮᠲᠤᠳᠴᠤ᠂ ᠬᠥᠮᠦᠰ ᠦ᠋ᠨ ᠬᠥᠭᠵᠢᠯ ᠪᠠᠶᠠᠷ ᠴᠡᠩᠭᠡᠯ ᠢ᠋ ᠨᠢᠭᠡᠨ ᠴᠠᠭ ᠲᠤᠷ ᠲᠣᠭᠠᠴᠢᠨ ᠪᠦᠷᠢᠳᠬᠡᠬᠦᠶ᠎ᠡ ᠪᠡᠷᠬᠡ᠃ ᠡᠨᠡ ᠬᠣᠶᠠᠷ ᠬᠤᠷᠢᠮ ᠤ᠋ᠨ ᠶᠠᠪᠤᠳᠠᠯ ᠨᠢᠭᠡᠨ ᠡᠳᠦᠷ ᠨᠢᠭᠡᠨ ᠴᠠᠭ ᠲᠤᠯᠠ ᠪᠠᠭ᠎ᠠ ᠨᠥᠬᠥᠷ ᠡᠮ᠎ᠡ ᠶ᠋ᠢᠨ ᠬᠦᠰᠡᠯ ᠳᠤᠷᠠᠰᠢᠯ᠂ ᠪᠠᠭ᠎ᠠ ᠶᠡᠬᠡ ᠨᠥᠬᠥᠷ ᠡᠮ᠎ᠡ ᠶ᠋ᠢᠨ ᠬᠠᠷᠢᠯᠴᠠᠨ ᠮᠥᠷᠥᠭᠡᠳᠦᠭᠰᠡᠨ ᠦᠯᠡᠮᠵᠢ ᠵᠣᠪᠠᠨ ᠤᠴᠠᠷᠠᠯᠳᠤᠭᠰᠠᠨ ᠰᠠᠨᠠᠯ ᠦᠨᠡᠬᠡᠷ ᠬᠦᠨᠳᠦ ᠲᠤᠯᠠ ᠠᠯᠲᠠᠨᠱᠠᠭ᠎ᠠ ᠰᠣᠯᠤᠩᠭᠤᠸ᠎ᠠ ᠯᠤᠤ ᠶ᠋ᠢᠨ ᠬᠥᠰᠢᠭᠡ ᠪᠠᠷᠰ ᠤ᠋ᠨ ᠬᠥᠨᠵᠢᠯᠡ ᠳ᠋ᠦ᠍ᠷ ᠶᠡᠬᠡ ᠬᠦᠰᠡᠯ ᠢ᠋ ᠲᠡᠭᠦᠰᠬᠡᠬᠦᠶ᠎ᠡ ᠲᠣᠭᠠᠴᠢᠵᠤ ᠬᠡᠯᠡᠭᠰᠡᠨ ᠬᠡᠳᠦᠨ ᠦᠭᠡᠰ : 
                ᠰᠠᠷᠠᠨ ᠤ᠋ ᠳᠣᠣᠷ᠎ᠠ ᠰᠠᠢᠬᠠᠨ ᠨᠣᠢᠷ ᠡᠭᠡᠬᠦᠶ᠎ᠡ 
                ᠰᠠᠢᠬᠠᠨ ᠬᠥᠮᠦᠨ ᠰᠠᠢᠬᠠᠨ ᠬᠥᠮᠦᠨ ᠢ᠋ ᠮᠥᠷᠥᠭᠡᠳᠦᠮᠦᠢ᠃ 
                ᠰᠠᠨᠠᠭᠰᠠᠨ ᠡᠳᠦᠷ ᠣᠨ ᠤᠳᠠᠭᠰᠠᠨ ᠤ᠋ ᠲᠤᠯᠠ 
                ᠰᠠᠭᠠᠷ ᠦᠭᠡᠢ ᠨᠠᠢᠷ ᠵᠢᠷᠤᠮ ᠬᠦᠨᠳᠦ᠃ 
                ᠠᠯᠲᠠᠨ ᠪᠡᠶ᠎ᠡ ᠴᠣᠭ ᠪᠦᠷᠢᠨ ᠪᠣᠯᠬᠤᠶ᠎ᠠ 
                ᠠᠩᠬᠢᠯᠤᠮᠠᠯ ᠬᠦᠵᠢᠰ ᠨᠡᠩᠳᠡ ᠠᠩᠬᠢᠯᠬᠤ ᠴᠠᠭ᠃ 
                ᠠᠷᠢᠭᠤᠨ ᠴᠡᠴᠡᠭ ᠰᠢᠭᠦᠳᠡᠷᠢ ᠦᠵᠡᠨ ᠬᠥᠬᠢᠬᠦᠶ᠎ᠡ 
                ᠠᠩᠭᠠᠭᠰᠠᠨ ᠲᠠᠷᠢᠶᠠᠯᠠᠩ ᠳ᠋ᠤᠷ ᠰᠢᠮᠡᠲᠡᠢ ᠬᠤᠷ᠎ᠠ ᠨᠡᠪᠲᠡᠷᠡᠪᠡ᠃ 
                ᠬᠠᠰ ᠤ᠋ᠨ ᠭᠡᠰᠢᠭᠦᠨ ᠳᠡᠪᠢᠰᠬᠡᠷ ᠲᠣᠷ ᠵᠢᠭᠤᠷᠠᠯᠳᠤᠵᠤ 
                ᠬᠠᠢᠷᠠᠬᠠᠨ ᠪᠡᠶ᠎ᠡ ᠡᠪᠡᠦ ᠡᠪᠭᠦᠢ ᠮᠤᠰᠬᠢᠭᠳᠠᠮᠤᠢ᠃ 
                ᠬᠠᠷ᠎ᠠ ᠤᠰᠤ ᠬᠣᠷᠢᠨ ᠵᠢᠩ ᠦ᠋ᠨ ᠳᠡᠷ᠎ᠡ ᠨᠡᠪᠲᠡᠷᠡᠵᠦ 
                ᠬᠠᠮᠤᠭ ᠠᠮᠲᠠ ᠠᠨᠤ ᠬᠥᠨᠵᠢᠯᠡᠨ ᠦ᠌ ᠳᠣᠲᠣᠷ᠎ᠠ ᠪᠦᠷᠢᠳᠴᠦᠬᠦᠢ᠃ 
       ᠲᠡᠳᠦᠢ ᠬᠣᠶᠠᠷ ᠡᠲᠡᠭᠡᠳ ᠦ᠋ᠨ ᠬᠤᠷᠢᠮ ᠲᠡᠭᠦᠰᠴᠦ ᠡᠳᠦᠷ ᠭᠦᠢᠴᠡᠨ ᠬᠣᠶᠠᠷ ᠬᠣᠣᠰ ᠢ᠋ᠶ᠋ᠠᠷ ᠢᠷᠡᠵᠦ ᠲᠠᠢᠽᠦ ᠵᠦᠰᠦᠨ ᠬᠠᠲᠤᠨ ᠡᠬᠡ ᠳ᠋ᠦ᠍ᠷ ᠰᠢᠲᠦᠨ ᠢᠭᠲᠦᠯᠵᠦ ᠶᠣᠰᠣᠯᠠᠨ ᠮᠥᠷᠭᠥᠵᠦ ᠂ ᠤᠯᠤᠰ ᠤᠯᠤᠰ ᠲᠤᠷ ᠢ᠋ᠶ᠋ᠠᠨ ᠡᠭᠡᠵᠦ ᠡᠴᠢᠪᠡ᠃ ᠪᠸᠲ᠋ᠠ᠋ ᠤᠯᠤᠰ ᠠᠮᠤᠷ ᠲᠦᠪᠰᠢᠨ ᠪᠣᠯᠤᠭᠰᠠᠨ ᠤ᠋ ᠲᠤᠯᠠ ᠰᠢᠨ᠎ᠡ ᠵᠢᠯ ᠦ᠋ᠨ ᠪᠡᠯᠡᠭ ᠲᠣᠷ ᠬᠠᠷᠢᠶᠠᠲᠤ ᠣᠯᠠᠨ ᠠᠢᠮᠠᠭ ᠤ᠋ᠨ ᠡᠵᠡᠳ ᠴᠥᠮ ᠢᠷᠡᠵᠦ ᠮᠥᠷᠭᠥᠬᠦ ᠶᠣᠰᠣ ᠶ᠋ᠢ ᠳᠠᠭᠠᠪᠠ᠃ ᠪᠤᠷᠬᠠᠨ ᠭᠠᠯᠳᠤᠨ᠎ᠠ ᠶ᠋ᠢᠨ ᠠᠭᠤᠯᠠ ᠪᠠ ᠲᠡᠭᠷᠢ ᠰᠠᠬᠢᠭᠤᠯᠰᠠᠳ ᠢ᠋ ᠵᠢᠯ ᠦ᠋ᠨ ᠲᠠᠬᠢᠯᠭ᠎ᠠ ᠪᠠᠷ ᠰᠠᠴᠤᠯᠢ ᠡᠷᠭᠦᠨ ᠬᠠᠭᠤᠴᠢ ᠵᠢᠯ ᠬᠠᠭᠤᠷᠰᠤᠨ ᠡᠴᠢᠵᠦ᠂ ᠬᠤᠲᠤᠭᠲᠤ ᠵᠢᠷᠤᠮ ᠢ᠋ ᠬᠤᠷᠠᠭᠠᠬᠤᠶ᠎ᠠ ᠬᠣᠲᠠᠯᠠ ᠤᠯᠤᠰ ᠬᠤᠷᠠᠯᠳᠤᠵᠤ᠂ ᠠᠷᠰᠯᠠᠭᠲᠤ ᠴᠠᠴᠠᠷ ᠤ᠋ᠨ ᠳᠣᠣᠷ᠎ᠠ ᠬᠤᠷᠠᠵᠤ ᠬᠣᠩᠭᠢᠷᠠᠳ ᠤ᠋ᠨ ᠸᠴᠢᠷ ᠰᠡᠴᠡᠨ ᠪᠦᠳᠦᠭᠦᠨ ᠬᠣᠭᠣᠯᠠᠢ ᠪᠠᠷ ᠡᠢᠨ ᠪᠡᠯᠭᠡᠯᠡᠷᠦᠨ: 
                ᠬᠠᠭᠤᠴᠢᠨ ᠵᠢᠯ ᠬᠠᠭᠤᠷᠰᠤᠨ ᠡᠴᠢᠵᠦ ᠦᠯᠳᠡᠭᠡᠳ 
                ᠬᠤᠲᠤᠭᠲᠤ ᠣᠨ ᠬᠤᠪᠢᠳ ᠬᠦᠷᠴᠦ ᠢᠷᠡᠬᠦᠶ᠎ᠡ᠂ 
                ᠬᠤᠷᠮᠤᠰᠲᠠ ᠠ᠋ᠴᠠ ᠪᠣᠱᠣᠭᠯᠠᠵᠤ ᠪᠠᠭᠤᠭᠰᠠᠨ ᠡᠵᠡᠨ ᠴᠢ 
                ᠬᠣᠢᠲᠤ ᠭᠠᠵᠠᠷ ᠢ᠋ ᠡᠩᠬᠡ ᠲᠦᠪᠰᠢᠨ ᠪᠣᠯᠭᠠᠭᠰᠠᠨ᠎ᠠ᠂ 
                ᠬᠤᠪᠢᠲᠤ ᠤᠯᠤᠰ ᠨᠡᠢᠲᠡ ᠪᠦᠭᠦᠳᠡᠭᠡᠷ ᠢ᠋ ᠴᠢᠭᠤᠯᠭᠠᠵᠤ 
                ᠬᠤᠷᠠᠵᠤ ᠨᠡᠢᠯᠡᠭᠰᠡᠨ ᠵᠠᠭᠤᠨ ᠠᠢᠮᠠᠭ ᠤ᠋ᠨ ᠡᠵᠡᠳ ᠢ᠋ᠶ᠋ᠡᠷ 
                ᠬᠣᠣᠰ ᠬᠤᠨᠳᠠᠭ᠎ᠠ ᠶ᠋ᠢᠨ ᠥᠯᠵᠡᠢᠲᠦ ᠰᠠᠷᠬᠤᠳ ᠪᠠᠷᠢᠵᠤ 
                ᠬᠣᠴᠣᠷᠤᠯ ᠦᠭᠡᠢ ᠮᠢᠩᠭᠠᠨ ᠨᠠᠮᠤᠷ ᠢ᠋ ᠬᠦᠰᠡᠮᠦᠢ ! 
ᠭᠡᠮᠡᠨ ᠵᠢᠯ ᠦ᠋ᠨ ᠰᠡᠭᠦᠯ ᠦ᠋ᠨ ᠶᠣᠰᠣᠭᠠᠷ ᠮᠥᠷᠭᠥᠵᠦ᠂ ᠲᠠᠢᠽᠦ ᠡᠪᠦᠭᠡᠳ ᠦ᠋ᠨ ᠰᠦᠯᠳᠡ ᠶ᠋ᠢ ᠳᠠᠢᠵᠤ ᠡᠷᠭᠦᠨ ᠮᠥᠷᠭᠥᠪᠡ᠃ ᠦᠵᠡᠬᠦ ᠮᠡᠷᠭᠡᠳ ᠮᠡᠳᠡᠰᠦᠭᠡᠢ ᠬᠡᠮᠡᠪᠡᠰᠦ ᠰᠤᠳᠤᠷᠴᠢ ᠲᠦᠰᠢᠮᠡᠯ ᠮᠢᠨᠦ ᠵᠠᠯᠭᠠᠨ ᠪᠢᠴᠢᠭᠰᠡᠨ ᠳᠣᠣᠷᠠᠲᠤ ᠳᠡᠪᠲᠡᠷ ᠲᠣᠷ ᠦᠵᠡᠭᠳᠡᠬᠦᠢ᠃ ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠤ: 
                ᠪᠣᠭᠳᠠ ᠬᠥᠮᠦᠨ ᠦ᠌ ᠮᠥᠨ ᠴᠢᠨᠠᠷ ᠦᠨᠡᠨ ᠥᠯᠵᠡᠢᠲᠡᠢ ᠶ᠋ᠢᠨ ᠲᠤᠯᠠᠳᠠ 
                ᠪᠤᠷᠤᠭᠤ ᠵᠥᠪ ᠢ᠋ ᠭᠡᠰᠬᠡᠨ ᠬᠠᠢᠯᠤᠭᠤᠯᠵᠤ ᠰᠠᠪᠠ ᠪᠣᠯᠭᠠᠨ ᠬᠡᠷᠡᠭᠯᠡᠮᠦᠢ᠂ 
                ᠪᠣᠳᠣᠯᠭ᠎ᠠ ᠦᠭᠡᠢ ᠨᠠᠷᠠᠨ ᠬᠠᠭᠠᠨ ᠢᠨᠢᠶᠡᠯᠲᠡᠢ ᠪᠥᠭᠡᠳ ᠭᠤᠨᠢᠶᠠᠯᠲᠠᠢ 
                ᠪᠤᠰᠤᠴᠢᠷ ᠬᠤᠷᠢᠴᠠᠯᠲᠤ ᠰᠠᠢᠬᠠᠨ ᠬᠦᠷᠢ ᠰᠠᠮᠠᠭᠤᠨ ᠪᠣᠯᠤᠭᠠᠳ ᠵᠢᠭᠰᠢᠯᠲᠡᠢ !