ᠬᠥᠬᠡ ᠰᠤᠳᠤᠷ - ᠢᠨᠵᠠᠨᠨᠠᠰᠢ < ᠬᠣᠷᠢᠨ ᠬᠣᠶᠠᠳᠤᠭᠠᠷ ᠪᠦᠯᠦᠭ > Хөх судар - Инжинаш <Хорин хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠬᠣᠷᠢᠨ ᠬᠣᠶᠠᠳᠤᠭᠠᠷ ᠪᠦᠯᠦᠭ > Хөх судар - Инжинаш <Хорин хоёрдугаар бүлэг >

ᠬᠥᠬᠡ ᠰᠤᠳᠤᠷ - ᠢᠨᠵᠠᠨᠨᠠᠰᠢ < ᠬᠣᠷᠢᠨ ᠬᠣᠶᠠᠳᠤᠭᠠᠷ ᠪᠦᠯᠦᠭ > Хөх судар - Инжинаш <Хорин хоёрдугаар бүлэг >

ᠠᠩᠭᠢᠯᠠᠯ:ᠲᠡᠦᠬᠡ ᠰᠣᠶᠣᠯ
2023-08-12

325

ᠥᠩᠬᠥᠷᠢᠬᠦ ᠬᠠᠳᠠ ᠶ᠋ᠢᠨ ᠶᠡᠬᠡ ᠠᠶᠤᠯ ᠳ᠋ᠤᠷ ᠦᠨᠡᠨ ᠡᠵᠡᠨ ᠦ ᠠᠯᠲᠠᠨ ᠤ᠋ ᠯᠤᠤ ᠢᠯᠡᠷᠡᠪᠡᠢ

ᠦᠯᠡᠮᠵᠢ ᠮᠡᠬᠡᠲᠦ ᠶ᠋ᠢᠨ ᠦᠬᠦᠯ ᠢᠷᠡᠭᠰᠡᠨ᠎ᠡ ᠥᠰᠪᠥᠷᠢ ᠵᠣᠴᠢ ᠶ᠋ᠢᠨ ᠡᠷᠳᠡᠨᠢ ᠶ᠋ᠢᠨ ᠢᠯᠲᠦᠨ᠎ᠡ ᠠᠯᠠᠭᠳᠠᠪᠠᠢ


                    ᠬᠣᠷᠢᠨ ᠬᠣᠶᠠᠳᠤᠭᠠᠷ ᠪᠦᠯᠦᠭ  
                        ᠰᠥᠩ ᠨᠢᠩᠽᠦ᠋ᠩ ᠦ᠋ᠨ ᠴᠢᠩ ᠶᠤᠸᠠᠨ ᠤ᠋ ᠬᠣᠶᠠᠳᠤᠭᠠᠷ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ 
                                ᠴᠧᠩ ᠠᠨ ᠤ᠋ ᠲᠡᠷᠢᠭᠦᠨ ᠣᠨ᠂ ᠲᠠᠢᠽᠦ ᠭᠤᠴᠢᠨ ᠲᠠᠪᠤᠨ ᠰᠡᠭᠦᠳᠡᠷ ᠲᠡᠢ ᠪᠣᠯᠪᠠ ᠂ ᠤᠯᠠᠭᠠᠨ ᠯᠤᠤ ᠵᠢᠯ ᠪᠤᠶᠤ  

            ᠥᠩᠬᠥᠷᠢᠬᠦ ᠬᠠᠳᠠ ᠶ᠋ᠢᠨ ᠶᠡᠬᠡ ᠠᠶᠤᠯ ᠳ᠋ᠤᠷ ᠦᠨᠡᠨ ᠡᠵᠡᠨ ᠦ᠌ ᠠᠯᠲᠠᠨ ᠤ᠋ ᠯᠤᠤ ᠢᠯᠡᠷᠡᠪᠡᠢ 
            ᠦᠯᠡᠮᠵᠢ ᠮᠡᠬᠡᠲᠦ ᠶ᠋ᠢᠨ ᠦᠬᠦᠯ ᠢᠷᠡᠭᠰᠡᠨ᠎ᠡ ᠥᠰᠪᠥᠷᠢ ᠵᠣᠴᠢ ᠶ᠋ᠢᠨ ᠡᠷᠳᠡᠨᠢ ᠶ᠋ᠢᠨ ᠢᠯᠲᠦᠨ᠎ᠡ ᠠᠯᠠᠭᠳᠠᠪᠠᠢ 

                     ᠦᠨᠡᠨ ᠲᠡᠭᠷᠢᠯᠢᠭ ᠲᠤᠷ ᠯᠤᠤ ᠳᠠᠭᠠᠯᠴᠠᠬᠤ ᠶ᠋ᠢ ᠤᠯᠤᠰ ᠤᠯᠤᠰ ᠲᠤᠷ ᠲᠣᠭᠠᠴᠢᠵᠤᠬᠤᠢ 
                     ᠥᠨᠳᠥᠷ ᠴᠢᠩᠭᠢᠰ ᠲᠣᠷ ᠬᠤᠪᠢᠯᠭᠠᠨ ᠠᠬᠤ ᠶ᠋ᠢ ᠦᠶ᠎ᠡ ᠦᠶ᠎ᠡ ᠳ᠋ᠦ᠍ᠷ ᠬᠡᠯᠡᠯᠴᠡᠵᠦᠬᠦᠢ ᠂ 
                     ᠥᠮᠥᠭ ᠰᠠᠳᠤᠨ ᠳ᠋ᠤᠷ ᠰᠠᠬᠢᠭᠤᠯᠰᠤᠨ ᠲᠤᠰᠠᠯᠠᠬᠤ ᠶ᠋ᠢ ᠪᠠᠢᠨ ᠪᠠᠢᠨ ᠭᠠᠷᠭᠠᠵᠤᠬᠤᠢ
                     ᠦᠷ᠎ᠡ ᠠᠴᠢ ᠳ᠋ᠤᠷ ᠦᠯᠡᠳᠡᠪᠦᠷᠢ ᠬᠣᠴᠣᠷᠬᠤ ᠶ᠋ᠢ ᠳᠠᠬᠢᠨ ᠳᠠᠬᠢᠨ ᠵᠠᠬᠢᠵᠤᠬᠤᠢ ᠃  

      ᠲᠡᠨᠳᠡᠴᠡ ᠲᠠᠢᠽᠦ ᠰᠠᠷᠯᠠᠭ ᠤ᠋ᠨ ᠰᠤᠷᠤᠨᠴᠤᠭ ᠬᠣᠲᠠ ᠶ᠋ᠢ ᠣᠯᠵᠤ᠂ ᠵᠠᠯᠮ᠎ᠠ ᠶ᠋ᠢ ᠲᠡᠷᠢᠭᠦᠨ ᠦ᠌ ᠲᠡᠷᠢᠭᠦᠨ ᠢ᠋ᠶ᠋ᠡᠷ ᠲᠠᠪᠤᠨ ᠵᠠᠭᠤᠨ ᠯᠠᠩ ᠴᠠᠭᠠᠨ ᠮᠥᠩᠭᠥ ᠱᠠᠩᠨᠠᠵᠤ᠂ ᠳᠣᠷᠣᠭᠰᠢ ᠬᠤᠳᠠᠭᠠᠨ᠎ᠠ ᠪᠡᠬᠢ ᠪᠠ ᠠᠯᠤᠬ᠎ᠠ ᠰᠦᠬᠡ ᠵᠢᠴᠢ ᠲᠠᠪᠤᠨ ᠪᠠᠷᠰ ᠤ᠋ᠨ ᠵᠠᠩᠵᠤᠨ᠂ ᠪᠣᠯᠣᠳ ᠬᠦᠴᠦᠲᠦ ᠴᠡᠷᠢᠭ ᠪᠦᠬᠦᠨ ᠳ᠋ᠦ᠍ᠷ ᠴᠥᠮ ᠢᠯᠭᠠᠨ ᠱᠠᠩᠨᠠᠵᠤ᠂ ᠨᠢᠭᠡᠨ ᠵᠤᠨ ᠰᠠᠷᠯᠠᠭ ᠤᠯᠤᠰ ᠢ᠋ ᠲᠡᠭᠰᠢᠳᠬᠡᠨ ᠬᠤᠷᠢᠶᠠᠮᠵᠢᠯᠠᠬᠤ ᠴᠢᠯᠦᠭᠡᠨ᠎ᠡ ᠪᠠᠰᠠ ᠶᠡᠬᠡ ᠨᠤᠮᠤ ᠬᠦᠨᠳᠦ ᠢᠯᠳᠦ ᠪᠡᠷ ᠰᠢᠯᠭᠠᠵᠤ᠂ ᠡᠨᠡ ᠰᠠᠷᠯᠠᠭ ᠠ᠋ᠴᠠ ᠪᠠᠰᠠ ᠬᠣᠶᠠᠷ ᠮᠢᠩᠭᠠᠨ ᠢᠯᠡᠭᠦᠦ ᠪᠣᠯᠣᠳ ᠬᠦᠴᠦᠲᠦ ᠴᠡᠷᠢᠭ ᠣᠯᠵᠤ ᠵᠢᠴᠢ ᠳᠡᠭᠦᠦ ᠬᠦᠷᠭᠡᠨ ᠢᠯᠭᠦᠨ᠎ᠡ ᠶ᠋ᠢᠨ ᠲᠠᠪᠤᠨᠠᠩ ᠂  ᠪᠤᠲ᠋ᠤ ᠶ᠋ᠢᠨ ᠠᠪᠠᠭ᠎ᠠ ᠶᠠᠪᠤᠴᠢᠲᠠᠢ ᠨᠣᠶᠠᠨ ᠢ᠋ ᠵᠠᠯᠮ᠎ᠠ ᠶ᠋ᠢᠨ ᠡᠴᠢᠭᠡ ᠵᠠᠷᠴᠢᠭᠤᠲᠠᠢ ᠥᠲᠡᠭᠦᠰ ᠨᠣᠶᠠᠨ ᠳ᠋ᠤᠷ ᠬᠠᠪᠰᠤᠷᠤᠭᠤᠯᠤᠨ ᠥᠭᠴᠦ ᠳᠣᠣᠷ᠎ᠠ ᠠᠨᠤ ᠪᠠᠶᠠᠨ ᠬᠥᠪᠡᠭᠦᠨ ᠢ᠋ ᠲᠥᠪ ᠂ ᠬᠠᠨᠳᠠᠭᠠᠢ ᠲᠦᠰᠢᠮᠡᠯ ᠢ᠋ ᠲᠠᠰᠢᠯᠠᠭᠤᠯᠤᠨ᠂ ᠰᠠᠷᠯᠠᠭ ᠤ᠋ᠨ ᠴᠡᠷᠢᠭ ᠢ᠋ ᠵᠣᠯᠢᠬᠤ ᠠᠯᠪᠠ ᠶ᠋ᠢ ᠬᠤᠷᠢᠶᠠᠬᠤ ᠶ᠋ᠢ ᠲᠤᠰᠢᠶᠠᠭᠠᠳ ᠰᠠᠷᠯᠠᠭ ᠤ᠋ᠨ ᠵᠠᠯᠢᠲᠤ ᠬᠠᠭᠠᠨ ᠤ᠋ ᠭᠡᠷ ᠦ᠋ᠨ ᠠᠮᠠᠨ ᠢ᠋ ᠪᠠᠶᠠᠨ ᠢ᠋ᠶ᠋ᠠᠷ ᠬᠠᠷᠠᠭᠠᠯᠵᠠᠭᠤᠯᠤᠨ᠂ ᠨᠢᠭᠤᠷ ᠲᠤᠷ ᠬᠦᠨᠳᠦᠲᠡᠢ ᠪᠡᠷ ᠪᠦᠭᠦᠳᠡᠭᠡᠷ ᠢ᠋ ᠠᠪᠴᠤ ᠨᠠᠮᠤᠷ ᠤ᠋ᠨ ᠰᠡᠭᠦᠯ ᠰᠠᠷ᠎ᠠ ᠳ᠋ᠤᠷ ᠰᠠᠶᠢ ᠡᠭᠡᠰᠦᠭᠡᠢ ᠬᠡᠮᠡᠲᠡᠯ᠎ᠡ ᠬᠣᠢᠲᠤ ᠡᠲᠡᠭᠡᠳ ᠦ᠋ᠨ  ᠬᠣᠯᠠᠳᠠᠬᠢ ᠲᠤᠷᠰᠢᠭᠤᠯ ᠤ᠋ᠨ ᠬᠥᠮᠦᠨ ᠢᠷᠡᠵᠦ ᠮᠡᠳᠡᠭᠦᠯᠦᠷᠦᠨ:《ᠬᠣᠢᠲᠤ ᠳᠤᠬᠮᠣᠭ ᠤᠯᠤᠰ ᠤ᠋ᠨ ᠮᠡᠬᠡᠲᠦ ᠰᠦᠯᠳᠡ ᠬᠠᠭᠠᠨ ᠬᠡᠷᠡᠢᠳ ᠦ᠋ᠨ  ᠵᠠᠮᠤᠬ᠎ᠠ ᠶ᠋ᠢᠨ ᠴᠡᠷᠢᠭ ᠯᠦ᠍ᠭᠡ ᠨᠡᠢᠯᠡᠵᠦ ᠂ ᠮᠠᠨ ᠤ᠋ ᠤᠯᠤᠰ ᠤ᠋ᠨ ᠬᠣᠢᠲᠤ ᠵᠠᠬ᠎ᠠ ᠶ᠋ᠢ ᠬᠠᠯᠳᠠᠪᠠ ! 》 ᠬᠡᠮᠡᠭᠰᠡᠨ ᠳ᠋ᠦ᠍ᠷ ᠲᠠᠢᠽᠦ ᠶᠡᠬᠡ ᠲᠤᠭ ᠢ᠋ᠶ᠋ᠠᠨ ᠳᠠᠬᠢᠭᠠᠳ ᠲᠦᠷᠭᠡᠯᠡᠨ ᠡᠭᠡᠵᠦ ᠮᠣᠷᠢᠯᠠᠨ ᠤᠯᠤᠰ ᠤ᠋ᠨ ᠵᠠᠬ᠎ᠠ ᠳ᠋ᠤᠷ ᠬᠦᠷᠲᠡᠯ᠎ᠡ ᠳᠡᠭᠦᠦ ᠤᠷᠠᠨ ᠭᠠᠴᠤᠭ ᠂ ᠵᠣᠴᠢ ᠂ ᠴᠠᠭᠠᠲᠠᠢ ᠬᠣᠶᠠᠷ ᠬᠥᠪᠡᠭᠦᠨ ᠢ᠋ ᠢᠨᠤ ᠠᠪᠴᠤ ᠲᠡᠷᠢᠭᠦᠨ ᠤᠲᠤᠯᠭᠠᠨ᠎ᠠ ᠤᠭᠲᠤᠪᠠ ᠃ ᠤᠯᠤᠰ ᠤ᠋ᠨ ᠳᠤᠮᠳᠠ ᠬᠦᠷᠲᠡᠯ᠎ᠡ ᠳᠡᠭᠦᠦ ᠣᠢᠲᠤ ᠤᠴᠢᠭ ᠂ ᠲᠠᠢᠽᠦ ᠶ᠋ᠢᠨ ᠬᠣᠶᠠᠷ ᠪᠠᠭ᠎ᠠ ᠬᠥᠪᠡᠭᠦᠨ ᠥᠭᠡᠳᠡᠢ ᠲᠣᠯᠢ ᠬᠣᠶᠠᠭᠤᠯᠠ ᠶ᠋ᠢ ᠠᠪᠴᠤ ᠳᠡᠳ᠋ ᠤᠲᠤᠯᠭᠠᠨ᠎ᠠ ᠤᠭᠲᠤᠵᠤ ᠂ ᠪᠤᠷᠬᠠᠨ ᠭᠠᠯᠳᠤᠨ᠎ᠠ ᠶ᠋ᠢᠨ ᠵᠠᠬ᠎ᠠ ᠳ᠋ᠤᠷ ᠬᠦᠷᠴᠦ ᠢᠷᠡᠲᠡᠯ᠎ᠡ ᠲᠣᠷᠭᠠᠨ ᠰᠢᠷ᠎ᠠ ᠂ ᠮᠡᠩᠭᠡᠯᠢᠭ ᠨᠠᠷ ᠲᠥᠷᠥᠯ ᠤᠷᠤᠭ ᠂ ᠤᠯᠤᠰ ᠠᠯᠪᠠᠲᠤ ᠪᠦᠭᠦᠳᠡᠭᠡᠷ ᠢ᠋ ᠠᠪᠴᠤ ᠪᠠᠶᠠᠷ ᠤ᠋ᠨ ᠶᠣᠰᠣᠭᠠᠷ ᠮᠥᠷᠭᠥᠨ ᠤᠭᠲᠤᠵᠤ ᠶᠡᠬᠡ ᠬᠤᠷᠢᠮ ᠬᠤᠷᠢᠮᠯᠠᠪᠠ᠃ ᠬᠤᠷᠢᠮ ᠤ᠋ᠨ ᠲᠡᠷᠢᠭᠦᠨ ᠳ᠋ᠦ᠍ᠷ ᠵᠡᠯᠮ᠎ᠡ ᠮᠤᠬᠤᠯᠢ ᠶ᠋ᠢ ᠰᠠᠭᠤᠯᠭᠠᠪᠠ ᠃ 
      ᠡᠨᠡ ᠦᠶ᠎ᠡ ᠳ᠋ᠦ᠍ᠷ ᠬᠦᠯᠦᠭ  ᠪᠤᠭᠤᠷᠵᠢ ᠰᠢᠷᠢ ᠬᠤᠲᠤᠭ ᠂ ᠬᠠᠷ᠎ᠠ ᠬᠢᠷᠤ ᠂ ᠴᠢᠨᠳᠠᠭᠠᠨ᠎ᠠ ᠰᠡᠴᠡᠨ ᠂ ᠬᠤᠷᠴᠠ ᠪᠠᠢᠷᠢ ᠂ ᠴᠤᠤ ᠮᠡᠷᠭᠡᠨ ᠂ ᠦᠯᠬᠦ ᠰᠠᠢᠳ ᠪᠠ ᠪᠤᠰᠤ ᠪᠠᠭ᠎ᠠ ᠵᠠᠩᠵᠤᠨ ᠨᠠᠷ ᠵᠡᠪᠡ ᠶ᠋ᠢᠨ ᠶᠡᠬᠡ ᠬᠥᠪᠡᠭᠦᠨ ᠬᠠᠲᠠᠭᠤ ᠲᠡᠮᠦᠷ ᠂ ᠴᠤᠤ ᠮᠡᠷᠭᠡᠨ ᠦ᠌ ᠶᠡᠬᠡ ᠬᠥᠪᠡᠭᠦᠨ ᠬᠣᠪᠤᠯᠠᠢ ᠂ ᠬᠠᠷ᠎ᠠ ᠬᠢᠷᠤ ᠶ᠋ᠢᠨ ᠶᠡᠬᠡ ᠬᠥᠪᠡᠭᠦᠨ ᠥᠳᠥ ᠂ ᠰᠢᠷᠢ ᠬᠤᠲᠤᠭ ᠤ᠋ᠨ ᠶᠡᠬᠡ ᠬᠥᠪᠡᠭᠦᠨ ᠠᠨᠳᠠ ᠨᠠᠷ ᠢ᠋ ᠠᠪᠴᠤ ᠭᠤᠷᠪᠠᠨ ᠲᠦᠮᠡᠨ ᠴᠡᠷᠢᠭ ᠢ᠋ᠶ᠋ᠡᠷ ᠳᠤᠬᠮᠣᠭ ᠤᠯᠤᠰ ᠤ᠋ᠨ ᠴᠡᠷᠢᠭ ᠢ᠋ ᠤᠭᠲᠤᠨ ᠡᠴᠢᠵᠦ ᠂ ᠬᠣᠶᠠᠷᠬᠠᠨ ᠤᠳᠠᠭ᠎ᠠ ᠪᠠᠢᠯᠳᠤᠵᠤ ᠂ ᠳᠣᠬᠮᠣᠭ ᠤᠯᠤᠰ ᠤ᠋ᠨ ᠲᠠᠪᠤᠨ ᠲᠦᠮᠡᠨ ᠴᠡᠷᠢᠭ ᠢ᠋ ᠶᠡᠬᠡᠯ᠎ᠡ ᠳᠠᠷᠤᠵᠤ ᠂ ᠭᠤᠷᠪᠠᠨ ᠬᠣᠨᠣᠭ ᠬᠥᠭᠡᠭᠡᠭᠡᠳ ᠮᠣᠷᠢ ᠡᠮᠡᠭᠡᠯ ᠂ ᠬᠤᠶᠠᠭ ᠳᠤᠭᠤᠯᠠᠭ᠎ᠠ ᠂ ᠵᠠᠷ ᠵᠡᠪᠰᠡᠭ ᠂ ᠥᠷᠭᠥᠭᠡ ᠮᠠᠢᠬᠠᠨ ᠬᠡᠳᠦᠨ ᠵᠠᠭᠤᠨ ᠲᠡᠷᠭᠡ ᠣᠯᠵᠠᠯᠠᠨ ᠂ ᠳᠠᠷᠤᠢ ᠡᠭᠡᠵᠦ ᠢᠷᠡᠭᠰᠡᠨ᠎ᠡ ᠂ ᠲᠠᠢᠽᠦ ᠶᠡᠬᠡᠯ᠎ᠡ ᠪᠠᠶᠠᠷᠯᠠᠨ ᠳᠥᠷᠪᠡᠨ ᠬᠥᠪᠡᠭᠦᠨ ᠢ᠋ᠶ᠋ᠡᠷ ᠢ᠋ᠶ᠋ᠡᠨ  ᠤᠭᠲᠤᠭᠤᠯᠤᠨ ᠂ ᠬᠦᠨᠳᠦ ᠱᠠᠩ ᠬᠤᠷᠢᠮ ᠢ᠋ᠶ᠋ᠠᠷ ᠬᠥᠬᠢᠭᠦᠯᠵᠦ ᠂ ᠬᠣᠶᠠᠷ ᠠᠩᠭᠢ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠬᠣᠶᠠᠷ ᠰᠠᠷ᠎ᠠ ᠢᠯᠡᠭᠦᠦ ᠢᠯᠭᠠᠵᠤ ᠱᠠᠩᠨᠠᠪᠠᠢ ᠃ 
      ᠤᠷᠢᠳᠤ ᠪᠦᠯᠦᠭ ᠦ᠋ᠨ ᠡᠨᠡ ᠬᠥᠬᠡᠭᠴᠢᠨ ᠲᠠᠤᠯᠠᠢ ᠵᠢᠯ ᠲᠡᠭᠦᠰᠴᠦ ᠰᠢᠨ᠎ᠡ ᠶ᠋ᠢᠨ ᠶᠣᠰᠣᠭᠠᠷ ᠶᠡᠬᠡᠳᠡ ᠪᠡᠯᠭᠡᠯᠡᠨ ᠰᠢᠨᠡᠯᠡᠭᠡᠳ ᠤᠯᠠᠭᠠᠨ ᠯᠤᠤ ᠵᠢᠯ ᠡᠭᠦᠨ ᠡᠴᠡ ᠡᠬᠢᠯᠡᠪᠡ ᠃ ᠡᠨᠡ ᠵᠢᠯ ᠡᠮᠦᠨ᠎ᠡ ᠰᠥᠩ ᠤᠯᠤᠰ ᠤ᠋ᠨ ᠨᠢᠩᠽᠦ᠋ᠩ ᠬᠠᠭᠠᠨ ᠤ᠋ ᠴᠢᠩ ᠶᠤᠸᠠᠨ ᠤ᠋ ᠬᠣᠶᠠᠳᠤᠭᠠᠷ ᠣᠨ ᠃ ᠵᠢᠴᠢ ᠡᠨᠡ ᠵᠢᠯ ᠠᠯᠲᠠᠨ ᠤᠯᠤᠰ ᠤ᠋ᠨ  ᠵᠠᠩᠽᠦ᠋ᠩ ᠬᠠᠭᠠᠨ ᠸᠠᠨ ᠶᠠᠨ ᠵᠢᠩ ᠂ ᠣᠨ ᠤ᠋ ᠴᠣᠯᠠ ᠪᠠᠨ ᠬᠠᠯᠠᠵᠤ ᠂ ᠴᠧᠩ ᠠᠨ ᠤ᠋ ᠲᠡᠷᠢᠭᠦᠨ ᠣᠨ ᠬᠡᠮᠡᠪᠡᠢ ᠃ ᠪᠡᠶ᠎ᠡ ᠦᠬᠦᠭᠰᠡᠨ ᠴᠦ᠍ ᠪᠤᠰᠤ ᠂ ᠥᠪᠡᠷ᠎ᠡ ᠬᠠᠭᠠᠨ ᠰᠠᠭᠤᠭᠰᠠᠨ ᠴᠤ᠌ ᠪᠤᠰᠤ ᠂ ᠴᠠᠭ ᠣᠨ ᠮᠠᠭᠤ ᠭᠡᠮᠡᠨ ᠣᠨ ᠤ᠋ ᠨᠡᠷ᠎ᠡ ᠪᠡᠨ ᠬᠠᠯᠠᠵᠤᠬᠤᠢ ᠃ ᠲᠠᠢᠽᠦ ᠡᠨᠡ ᠵᠢᠯ ᠭᠤᠴᠢᠨ ᠲᠠᠪᠤᠨ ᠰᠡᠭᠦᠳᠡᠷ ᠲᠡᠢ ᠪᠣᠯᠪᠠ ᠃
      ᠲᠡᠭᠦᠨᠴᠡ ᠲᠠᠢᠽᠦ ᠲᠤᠭᠮᠤᠭ ᠤᠯᠤᠰ ᠢ᠋ ᠡᠷᠬᠡᠪᠰᠢ ᠲᠠᠢᠯᠠᠰᠤᠭᠠᠢ ᠭᠡᠮᠡᠨ ᠮᠤᠬᠤᠯᠢ ᠪᠤᠭᠤᠷᠵᠢ ᠯᠤᠭ᠎ᠠ ᠵᠥᠪᠯᠡᠬᠦᠢ ᠳ᠋ᠦ᠍ᠷ ᠮᠤᠬᠤᠯᠢ ᠮᠡᠳᠡᠭᠦᠯᠦᠷᠦᠨ :《ᠲᠦᠰᠢᠮᠡᠯ ᠪᠢ ᠲᠤᠭᠮᠤᠭ ᠤᠯᠤᠰ ᠮᠠᠨ ᠤ᠋ ᠵᠠᠬ᠎ᠠ ᠶ᠋ᠢ ᠬᠠᠯᠳᠠᠪᠠ ᠬᠡᠮᠡᠭᠰᠡᠨ ᠡᠴᠡ ᠪᠣᠳᠣᠭᠰᠠᠭᠠᠷ ᠪᠥᠯᠥᠭᠡ ᠂ ᠴᠡᠷᠢᠭ ᠬᠡᠷᠡᠭᠯᠡᠬᠦᠢ ᠳ᠋ᠦ᠍ᠷ ᠦᠨᠡᠨ ᠬᠡᠮᠡᠲᠡᠯ᠎ᠡ ᠬᠤᠳᠠᠯ ᠂ ᠬᠤᠳᠠᠯ ᠬᠡᠮᠡᠲᠡᠯ᠎ᠡ ᠦᠨᠡᠨ᠂ ᠳᠠᠢᠰᠤᠨ ᠤ᠋ ᠡᠲᠡᠭᠡᠳ ᠲᠣᠷ ᠤᠬᠠᠭᠠᠨ ᠢ᠋ᠶ᠋ᠠᠨ ᠡᠰᠡ ᠪᠠᠷᠢᠭ᠍ᠳᠠᠪᠠᠰᠤ ᠡᠨᠡ ᠳᠠᠷᠤᠢ ᠲᠡᠷᠢᠭᠦᠨ ᠨᠢᠭᠡᠨ ᠵᠣᠭᠰᠣᠯᠲᠠ ᠲᠤᠯᠭᠠᠭᠤᠷᠢ ᠮᠥᠨ ᠃ ᠨᠢᠳᠤᠨᠤᠨ ᠰᠠᠷᠯᠠᠭ ᠢ᠋ ᠰᠠᠯᠪᠠᠷᠠᠭᠤᠯᠤᠭᠰᠠᠨ ᠠᠨᠤ ᠬᠤᠳᠠᠯ ᠤ᠋ᠨ ᠳᠣᠲᠣᠷ᠎ᠠ ᠦᠨᠡᠨ ᠢ᠋ ᠨᠢᠭᠤᠵᠤ ᠡᠪᠳᠡᠭᠰᠡᠨ ᠲᠤᠯᠠᠳᠠ ᠡᠨᠡ ᠤᠳᠠᠭ᠎ᠠ ᠲᠤᠭᠮᠤᠭ ᠢ᠋ ᠲᠣᠭᠲᠠᠭᠠᠬᠤᠢ ᠳ᠋ᠤᠷ ᠦᠨᠡᠨ ᠦ᠌ ᠳᠣᠲᠣᠷ᠎ᠠ ᠬᠤᠳᠠᠯ ᠢ᠋ ᠠᠬᠤᠭᠤᠯᠵᠤ ᠪᠠᠢᠯᠳᠤᠰᠤᠭᠠᠢ᠃ ᠡᠢᠨ ᠬᠦ᠌ ᠤᠷᠪᠠᠭᠤᠯᠤᠨ ᠬᠥᠷᠪᠡᠭᠦᠯᠵᠦ ᠬᠡᠷᠡᠭᠯᠡᠪᠡᠰᠦ ᠳᠠᠢᠰᠤᠨ ᠢ᠋ ᠦᠯᠦ ᠳᠡᠢᠯᠬᠦ ᠶᠣᠰᠣ ᠦᠭᠡᠢ ᠃ ᠲᠦᠰᠢᠮᠡᠯ ᠪᠢ ᠨᠢᠳᠤᠨᠤᠨ ᠵᠢᠯ ᠰᠠᠷᠯᠠᠭ ᠢ᠋ ᠳᠠᠢᠯᠠᠬᠤᠢ ᠳ᠋ᠤᠷ ᠦᠵᠡᠪᠡᠰᠦ᠂ ᠰᠠᠷᠯᠠᠭ ᠤ᠋ᠨ ᠴᠡᠷᠢᠭ ᠦ᠋ᠨ ᠬᠦᠴᠦᠨ ᠮᠠᠰᠢ ᠴᠢᠭᠢᠷᠠᠭ ᠪᠥᠭᠡᠲᠡᠯ᠎ᠡ ᠵᠠᠯᠢᠲᠤ ᠬᠠᠭᠠᠨ ᠬᠡᠷᠡᠭᠯᠡᠨ ᠡᠰᠡ ᠴᠢᠳᠠᠭᠰᠠᠨ ᠳ᠋ᠤᠷ ᠲᠡᠢᠮᠦ ᠪᠣᠯᠵᠤᠬᠤᠢ᠃ ᠡᠳᠦᠭᠡ ᠪᠤᠭᠤᠷᠵᠢ ᠠᠬᠠᠢ ᠠ᠋ᠴᠠ ᠰᠣᠨᠣᠰᠬᠤᠯ᠎ᠠ ᠲᠤᠭᠮᠤᠭ ᠤᠯᠤᠰ ᠤ᠋ᠨ ᠴᠡᠷᠢᠭ ᠰᠠᠷᠯᠠᠭ ᠤᠯᠤᠰ ᠤ᠋ᠨ ᠴᠡᠷᠢᠭ ᠡᠴᠡ ᠣᠭᠲᠣ ᠳᠣᠣᠷ᠎ᠠ ᠦᠭᠡᠢ ᠬᠡᠮᠡᠮᠦᠢ᠃ ᠲᠡᠢᠨ ᠬᠦ᠌ ᠲᠦᠰᠢᠮᠡᠯ ᠪᠢ ᠪᠤᠭᠤᠷᠵᠢ ᠠᠬ᠎ᠠ ᠯᠤᠭ᠎ᠠ ᠰᠠᠷᠯᠠᠭ ᠤᠯᠤᠰ ᠲᠤᠷ ᠬᠦᠷᠴᠦ ᠣᠯᠠᠨ ᠢ᠋ ᠠᠨᠤ ᠡᠯᠰᠡᠵᠦ ᠨᠢᠭᠡᠨ ᠠᠩᠭᠢ ᠴᠡᠷᠢᠭ ᠢ᠋ ᠪᠡᠯᠡᠨ ᠵᠠᠯᠠᠨ ᠰᠢᠯᠭᠠᠵᠤ᠂ ᠡᠵᠡᠨ ᠳ᠋ᠦ᠍ᠷ ᠮᠡᠳᠡᠭᠡ ᠪᠠᠷᠢᠰᠤᠭᠠᠢ᠃ ᠯᠠᠪ ᠪᠡᠯᠡᠨ ᠵᠠᠯᠠᠨ ᠮᠠᠰᠢ ᠪᠣᠯᠪᠠᠰᠤᠨ ᠪᠣᠯᠲᠠᠯ᠎ᠠ ᠬᠡᠷᠬᠢᠪᠡᠴᠦ ᠨᠠᠮᠤᠷ ᠤ᠋ᠨ ᠲᠡᠷᠢᠭᠦᠨ ᠰᠠᠷ᠎ᠠ ᠪᠣᠯᠤᠮᠤᠢ᠃ ᠰᠠᠷᠯᠠᠭ ᠤ᠋ᠨ ᠡᠪᠡᠰᠦ ᠲᠠᠷᠭᠤᠲᠠᠢ᠂ ᠤᠰᠤ ᠤᠮᠲᠠᠲᠠᠢ ᠲᠤᠯᠠ ᠨᠠᠮᠤᠷ ᠤ᠋ᠨ ᠮᠣᠷᠢ ᠮᠠᠭᠠᠳ ᠬᠦᠴᠦᠲᠡᠢ᠃ ᠡᠨᠡ ᠤᠳᠠᠭ᠎ᠠ ᠲᠤᠭᠮᠤᠭ ᠤᠯᠤᠰ ᠢ᠋ ᠲᠠᠢᠯᠠᠬᠤᠢ ᠳ᠋ᠤᠷ ᠳᠠᠷᠤᠢ ᠡᠨᠡ ᠰᠠᠷᠯᠠᠭ ᠢ᠋ᠶ᠋ᠠᠷ ᠬᠦᠴᠦᠯᠡᠰᠦᠭᠡᠢ᠃ ᠵᠢᠴᠢ ᠡᠨᠳᠡ ᠪᠣᠯᠪᠠᠰᠤ ᠡᠵᠡᠨ᠂ ᠬᠣᠶᠠᠷ ᠪᠠᠭ᠎ᠠ ᠡᠵᠡᠨ ᠢ᠋ ᠮᠥᠨ ᠪᠠᠬᠠᠨ ᠴᠡᠷᠢᠭ ᠲᠡᠢᠨ ᠳ᠋ᠦ᠍ᠷ ᠪᠣᠯᠪᠠᠰᠤᠷᠠᠭᠤᠯᠤᠨ ᠰᠤᠷᠭᠠᠪᠠᠰᠤ ᠵᠣᠬᠢᠮᠤᠢ ᠂ ᠴᠥᠮ ᠠᠷᠪᠠᠨ ᠲᠠᠪᠤ ᠵᠢᠷᠭᠤᠭᠠᠨ ᠨᠠᠰᠤᠯᠠᠵᠤ ᠠᠤᠭ᠎ᠠ ᠬᠦᠴᠦᠨ ᠲᠡᠭᠦᠰᠦᠭᠰᠡᠨ ᠴᠠᠭ ᠂ ᠠᠯᠢᠪᠠ ᠬᠡᠷᠡᠭ ᠢ᠋ ᠤᠬᠠᠬᠤ ᠪᠣᠯᠪᠠ ᠂ ᠡᠵᠡᠨ ᠳᠠᠷᠤᠢ ᠪᠢᠴᠢᠭ ᠴᠡᠷᠢᠭ ᠦ᠋ᠨ ᠬᠣᠶᠠᠷ  ᠪᠠᠭᠰᠢ ᠵᠠᠮᠪᠠᠯ ᠂ ᠲᠣᠭᠲᠣᠩᠭᠣ᠌ ᠬᠣᠶᠠᠭᠤᠯᠠ ᠳ᠋ᠤᠷ ᠪᠠᠬ᠎ᠠ ᠡᠵᠡᠨ ᠢ᠋ ᠨᠥᠬᠥᠳ ᠰᠡᠯᠲᠡ ᠲᠡᠢ ᠢᠨᠦ ᠬᠠᠮᠲᠤ ᠲᠤᠰᠢᠶᠠᠨ ᠥᠭᠴᠦ ᠳᠣᠣᠷ᠎ᠠ ᠠᠨᠤ ᠰᠦᠪᠡᠭᠡᠲᠡᠢ ᠂ ᠭᠢᠯᠥᠭᠡᠨ ᠬᠣᠶᠠᠷ ᠪᠠᠭᠠᠲᠤᠷ ᠲᠤᠷ ᠬᠣᠶᠠᠷ ᠲᠦᠮᠡᠨ ᠰᠢᠨ᠎ᠡ ᠡᠯᠰᠡᠭᠰᠡᠨ ᠴᠡᠷᠢᠭ ᠦ᠋ᠳ ᠢ᠋ ᠵᠠᠬᠢᠷᠤᠭᠤᠯᠤᠨ ᠲᠤᠰᠢᠶᠠᠵᠤ ᠥᠭᠭᠦᠭᠡᠳ ᠮᠠᠨ ᠤ᠋ ᠤᠯᠤᠰ ᠤ᠋ᠨ ᠬᠣᠢᠲᠤ ᠵᠠᠬ᠎ᠠ ᠂  ᠲᠤᠭᠮᠤᠭ ᠤᠯᠤᠰ ᠤ᠋ᠨ ᠡᠮᠦᠨ᠎ᠡ ᠬᠥᠪᠡᠭᠡ ᠳ᠋ᠦ᠍ᠷ ᠥᠭᠡᠳᠡ ᠤᠷᠤᠭᠤ ᠪᠡᠯᠴᠢᠭᠦᠯᠵᠦ ᠂ ᠴᠡᠷᠢᠭ ᠢ᠋ ᠪᠣᠯᠪᠠᠰᠤᠷᠠᠭᠤᠯᠤᠨ ᠮᠣᠷᠢ ᠶ᠋ᠢ ᠪᠣᠷᠳᠣᠵᠤ ᠂ ᠨᠢᠭᠡᠨ ᠬᠠᠪᠤᠷ ᠂ ᠨᠢᠭᠡᠨ ᠵᠤᠨ ᠰᠤᠷᠭᠠᠬᠤᠶ᠎ᠠ ᠂ ᠬᠡᠳᠦ ᠬᠡᠳᠦᠨ  ᠪᠠᠭ ᠵᠣᠬᠢᠶᠠᠨ ᠠᠷᠪᠠᠨ ᠲᠦᠮᠡᠨ ᠭᠡᠮᠡᠨ ᠠᠯᠳᠠᠷᠰᠢᠭᠤᠯᠵᠤ ᠂ ᠪᠠᠭ᠎ᠠ ᠡᠵᠡᠳ ᠲᠣᠷ ᠡᠵᠡᠨ ᠦ᠌ ᠤᠯᠠᠭᠠᠨ ᠠᠷᠰᠯᠠᠨᠲᠤ ᠲᠡᠮᠳᠡᠭᠲᠦ ᠲᠤᠭ ᠬᠢᠭᠢᠷᠢ ᠂ ᠰᠢᠬᠦᠷ ᠳᠠᠯᠪᠢᠭᠠᠨ ᠢ᠋ ᠣᠷᠣᠭᠤᠯᠵᠤ ᠪᠠᠷᠢᠭᠤᠯᠤᠭᠠᠳ ᠡᠨᠡ ᠡᠳᠦᠷ ᠲᠤᠭᠮᠤᠭ ᠢ᠋ ᠪᠠᠢᠯᠳᠤᠮᠤᠢ ᠂ ᠮᠠᠷᠭᠠᠲᠠ ᠲᠤᠭᠮᠤᠭ ᠢ᠋ ᠪᠠᠢᠯᠳᠤᠮᠤᠢ ᠭᠡᠮᠡᠨ ᠴᠤᠤ ᠠᠯᠳᠠᠷᠰᠢᠭᠤᠯᠤᠭᠠᠳ ᠲᠤᠭᠮᠤᠭ ᠤ᠋ᠨ ᠴᠡᠷᠢᠭ ᠬᠦᠷᠴᠦ ᠢᠷᠠᠪᠠᠰᠤ ᠪᠠᠰᠠ ᠤᠬᠤᠷᠢᠭᠠᠳ ᠴᠡᠷᠢᠭ ᠢ᠋ᠶ᠋ᠡᠨ ᠪᠡᠯᠴᠢᠭᠦᠯᠦᠨ ᠰᠤᠷᠭᠠᠵᠤ᠂ ᠲᠡᠳᠡᠨ ᠦ᠌ ᠴᠡᠷᠢᠭ ᠪᠠᠬᠠᠨ ᠵᠥᠭᠡᠭ ᠪᠣᠯᠣᠮᠠᠭᠴᠠ ᠪᠠᠰᠠ ᠭᠡᠨᠡᠳᠲᠡ ᠬᠦᠷᠴᠦ ᠲᠡᠳᠡᠨ ᠢ᠋ ᠰᠣᠴᠢᠭᠠᠨ ᠴᠢᠭᠤᠯᠤᠭᠤᠯᠤᠭᠠᠳ ᠪᠠᠰᠠ ᠤᠬᠤᠷᠢᠵᠤ ᠡᠭᠡᠲᠦᠭᠡᠢ᠃ ᠲᠡᠷᠡ ᠡᠲᠡᠭᠡᠳ ᠲᠣᠷ  ᠪᠤᠭᠤᠷᠵᠢ ᠠᠬᠠᠢ ᠪᠢᠳᠡ ᠬᠣᠶᠠᠭᠤᠯᠠ ᠰᠠᠷᠯᠠᠭ ᠤ᠋ᠨ ᠴᠡᠷᠢᠭ ᠢ᠋ ᠠᠪᠴᠤ ᠪᠠᠰᠠ ᠬᠦ᠌ ᠡᠨᠡ ᠶᠣᠰᠣᠭᠠᠷ ᠲᠡᠳᠡᠨ ᠦ᠌ ᠪᠠᠷᠠᠭᠤᠨ ᠡᠲᠡᠭᠡᠳ ᠡᠴᠡ ᠠᠶᠤᠯᠭᠠᠵᠤ᠂ ᠪᠢᠳᠡᠨ ᠦ᠌ ᠬᠣᠶᠠᠷ ᠡᠲᠡᠭᠡᠳ ᠬᠣᠶᠠᠷ ᠪᠡᠶ᠎ᠡ ᠡᠴᠡ ᠨᠢᠭᠡᠨ ᠢᠨᠦ ᠡᠭᠡᠪᠡᠰᠦ ᠨᠢᠭᠡᠨ ᠢᠨᠦ ᠣᠷᠣᠭᠠᠳ ᠨᠢᠭᠡᠨ ᠬᠠᠪᠤᠷ ᠨᠢᠭᠡᠨ ᠵᠤᠨ ᠡᠢᠨ ᠬᠦ᠌ ᠲᠦᠢᠪᠡᠭᠡᠪᠡᠰᠦ ᠲᠣᠬᠮᠣᠭ ᠤ᠋ᠨ ᠴᠡᠷᠢᠭ ᠶᠠᠷᠠᠭᠳᠠᠭᠠᠨ ᠶᠠᠳᠠᠩᠭᠢᠷᠠᠨ ᠮᠣᠬᠣᠵᠤ ᠂ ᠰᠡᠳᠬᠢᠯ ᠰᠤᠯᠠ ᠴᠡᠷᠢᠭ ᠣᠰᠣᠯ ᠪᠣᠯᠤᠮᠤᠢ ᠃ ᠡᠢᠨ ᠬᠦ᠌ ᠨᠢᠭᠡᠨᠲᠡ ᠵᠦᠳᠡᠷᠡᠭᠡᠵᠦ ᠳᠣᠯᠭᠢᠰᠤᠭᠤᠯᠤᠭᠠᠳ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠡᠵᠡᠨ ᠦ᠌ ᠪᠡᠶ᠎ᠡ ᠰᠢᠭᠤᠳ ᠰᠢᠳᠠᠷ ᠵᠠᠩᠵᠤᠨ ᠰᠢᠯᠭᠠᠭᠰᠠᠨ ᠴᠡᠷᠢᠭ ᠢ᠋ ᠠᠪᠴᠤ ᠭᠠᠷᠤᠭᠠᠳ ᠠᠯᠭᠤᠷᠬᠠᠨ ᠶᠠᠪᠤᠵᠤ᠂ ᠲᠤᠭᠮᠤᠭ ᠤ᠋ᠨ ᠵᠠᠬ᠎ᠠ ᠳ᠋ᠤᠷ ᠬᠦᠷᠦᠭᠡᠳ ᠰᠠᠢ ᠳᠦᠯᠢᠢᠨ ᠳᠣᠪᠲᠣᠯᠵᠤ ᠴᠣᠬᠢᠨ ᠣᠷᠣᠵᠤ ᠂ ᠬᠣᠲᠠ ᠶ᠋ᠢ ᠠᠨᠤ ᠬᠠᠭᠠᠵᠤ ᠠᠪᠤᠪᠠᠰᠤ ᠪᠣᠯᠬᠤ ᠲᠤᠯᠠ ᠡᠵᠡᠨ ᠦ᠌ ᠪᠡᠶ᠎ᠡ ᠪᠠᠬᠠᠨ ᠬᠣᠢᠰᠢᠯᠠᠵᠤ ᠂ ᠰᠥᠪᠡᠬᠡᠲᠡᠢ ᠂ ᠲᠣᠭᠲᠣᠩᠭᠣ᠌ ᠬᠣᠶᠠᠷ ᠪᠠᠭᠠᠲᠤᠷ ᠲᠤᠷ ᠲᠦᠮᠡᠨ ᠴᠡᠷᠢᠭ ᠥᠭᠴᠦ ᠤᠷᠤᠭᠰᠢᠯᠠᠨ ᠳᠣᠪᠲᠣᠯᠤᠨ ᠣᠷᠣᠭᠤᠯᠵᠤ᠂ ᠲᠤᠬᠮᠣᠭ ᠤ᠋ᠨ ᠬᠣᠲᠠ ᠶ᠋ᠢ ᠬᠠᠭᠠᠯᠭ᠎ᠠ᠂ ᠲᠦᠰᠢᠮᠡᠯ ᠪᠢ ᠪᠤᠭᠤᠷᠵᠢ ᠴᠢᠯᠠᠭᠤᠨ ᠬᠣᠶᠠᠷ ᠠᠬᠠᠢ ᠪᠠ ᠵᠢᠴᠢ ᠵᠦᠯᠭᠡᠲᠡᠢ ᠬᠤᠢᠯᠠᠳᠠᠷ ᠬᠣᠶᠠᠷ ᠪᠠᠭᠠᠲᠤᠷ ᠲᠠᠢ ᠰᠠᠷᠯᠠᠭ ᠤ᠋ᠨ ᠴᠡᠷᠢᠭ ᠢ᠋ ᠠᠪᠴᠤ ᠳᠣᠯᠣᠭᠠᠨ ᠰᠠᠷ᠎ᠠ ᠶ᠋ᠢᠨ ᠠᠷᠪᠠᠨ ᠲᠠᠪᠤᠨ ᠢ᠋ᠶ᠋ᠠᠷ ᠲᠤᠬᠮᠣᠭ ᠤ᠋ᠨ ᠤᠯᠤᠰ ᠤ᠋ᠨ ᠪᠠᠷᠠᠭᠤᠨ ᠡᠮᠦᠨ᠎ᠡ ᠡᠴᠡ ᠪᠠᠢᠯᠳᠤᠨ ᠣᠷᠣᠰᠤᠭᠠᠢ᠃ ᠡᠢᠮᠦ ᠪᠣᠯᠪᠠᠰᠤ ᠲᠤᠭᠮᠤᠭ ᠤ᠋ᠨ ᠮᠣᠷᠢ ᠶᠠᠳᠠᠵᠤ ᠴᠡᠷᠢᠭ ᠮᠣᠬᠣᠭᠠᠳ ᠰᠠᠨᠠᠭᠠᠨ ᠠᠯᠳᠠᠭᠳᠠᠵᠤ ᠂ ᠰᠡᠳᠬᠢᠯ ᠠᠯᠮᠠᠢᠳᠠᠭᠠᠳ ᠮᠠᠭᠠᠳ ᠳᠡᠢᠯᠦᠭᠳᠡᠮᠦᠢ᠃ ᠵᠢᠴᠢ ᠲᠣᠷᠭᠠᠨ ᠰᠢᠷ᠎ᠠ ᠠᠬᠠᠢ ᠶᠡᠬᠡ ᠴᠡᠷᠢᠭ ᠢ᠋ ᠠᠪᠴᠤ ᠤᠯᠤᠰ ᠢ᠋ ᠰᠠᠬᠢᠵᠤ ᠬᠡᠷᠡᠢᠳ ᠠᠢᠮᠠᠭ ᠪᠠ ᠨᠠᠢ᠍ᠮᠠᠨ ᠤᠯᠤᠰ ᠢ᠋ ᠰᠠᠬᠢᠨ ᠰᠡᠷᠭᠡᠢᠯᠡᠲᠦᠭᠡᠢ ᠂ ᠰᠠᠢᠨ ᠪᠣᠯᠪᠠᠰᠤ ᠲᠤᠭᠮᠤᠭ ᠤᠯᠤᠰ ᠢ᠋ ᠨᠢᠭᠡᠨ ᠵᠢᠯ ᠳ᠋ᠦ᠍ᠷ ᠳᠠᠷᠤᠢ ᠲᠦᠪᠰᠢᠳᠬᠡᠨ ᠬᠤᠷᠢᠶᠠᠮᠵᠢᠯᠠᠪᠠᠰᠤ ᠪᠣᠯᠤᠮᠤᠢ ᠃ 》ᠬᠡᠮᠡᠭᠰᠡᠨ ᠳ᠋ᠦ᠍ᠷ ᠲᠠᠢᠽᠦ ᠪᠡᠶᠡᠰᠦᠨ ᠰᠠᠢᠰᠢᠶᠠᠵᠤ ᠵᠥᠪᠰᠢᠶᠡᠪᠡ᠃ ᠲᠡᠭᠦᠨᠴᠡ ᠮᠥᠨ ᠰᠠᠷ᠎ᠠ ᠳ᠋ᠤᠷ ᠵᠢᠨᠦᠩ ᠮᠤᠬᠤᠯᠢ ᠂ ᠪᠤᠭᠤᠷᠵᠢ ᠂ ᠴᠢᠯᠠᠭᠤᠨ ᠂ ᠪᠤᠭᠤᠷᠤᠯ ᠭᠤᠷᠪᠠᠨ ᠬᠦᠯᠦᠭ ᠂ ᠵᠦᠯᠭᠡᠲᠡᠢ ᠂ ᠬᠣᠢᠯᠠᠲᠠᠷ ᠬᠣᠶᠠᠷ ᠪᠠᠭᠠᠲᠤᠷ ᠢ᠋ ᠠᠪᠴᠤ ᠰᠠᠷᠯᠠᠭ ᠤᠯᠤᠰ ᠲᠤᠷ ᠴᠡᠷᠢᠭ ᠡᠯᠰᠡᠷ᠎ᠡ ᠡᠴᠢᠪᠡ ᠃ ᠵᠣᠴᠢ ᠂ ᠴᠠᠭᠠᠲᠠᠢ ᠂ ᠬᠣᠶᠠᠷ ᠪᠠᠭ᠎ᠠ ᠡᠵᠡᠨ ᠂ ᠵᠠᠮᠪᠠᠯ ᠂ ᠲᠣᠭᠲᠣᠩᠭᠣ᠌ ᠂ ᠰᠥᠪᠡᠭᠡᠲᠡᠢ ᠂ ᠭᠢᠯᠦᠭᠡᠨ ᠪᠠᠭᠠᠲᠤᠷ ᠤ᠋ᠳ ᠢ᠋ ᠠᠪᠴᠤ ᠬᠣᠶᠠᠷ ᠲᠦᠮᠡᠨ ᠰᠢᠨ᠎ᠡ ᠴᠡᠷᠢᠭ ᠢ᠋ ᠵᠠᠬᠢᠷᠤᠨ᠂ ᠲᠤᠭᠮᠤᠭ ᠤᠯᠤᠰ ᠢ᠋ ᠪᠠᠢᠯᠳᠤᠮᠤᠢ ᠭᠡᠮᠡᠨ ᠴᠡᠷᠢᠭ ᠢ᠋ᠶ᠋ᠡᠨ ᠰᠤᠷᠭᠠᠨ ᠮᠣᠷᠢ ᠪᠠᠨ ᠪᠡᠯᠴᠢᠭᠡᠷᠯᠡᠭᠦᠯᠬᠦ ᠪᠡᠷ ᠮᠣᠷᠳᠠᠪᠠ ᠃ 
      ᠲᠡᠭᠦᠨᠴᠡ ᠰᠠᠷᠯᠠᠭ ᠤᠯᠤᠰ ᠤ᠋ᠨ ᠲᠠᠪᠤᠨ ᠮᠣᠵᠢ ᠶ᠋ᠢᠨ ᠠᠷᠠᠳ ᠨᠢᠳᠤᠨᠤᠨ ᠵᠢᠯ ᠮᠤᠬᠤᠯᠢ ᠶ᠋ᠢᠨ ᠬᠡᠰᠢᠭ ᠲᠣᠷ ᠶᠡᠬᠡᠯ᠎ᠡ ᠰᠢᠲᠦᠨ ᠰᠦᠰᠦᠭᠯᠡᠭᠰᠡᠨ ᠲᠤᠯᠠ ᠡᠨᠡ ᠤᠳᠠᠭ᠎ᠠ ᠮᠤᠬᠤᠯᠢ ᠢᠷᠡᠬᠦᠢ ᠳ᠋ᠦ᠍ᠷ ᠡᠴᠢᠭᠡ ᠡᠬᠡ ᠪᠡᠨ ᠢᠷᠡᠬᠦ ᠮᠡᠲᠦ ᠪᠠᠶᠠᠰᠤᠯᠴᠠᠨ ᠤᠭᠲᠤᠵᠤ᠂ ᠵᠠᠷᠴᠢᠭᠤᠲᠠᠢ ᠥᠲᠡᠭᠦᠰ ᠨᠣᠶᠠᠨ ᠪᠠ ᠶᠠᠪᠤᠴᠢᠲᠠᠢ ᠲᠠᠨ ᠯᠤᠭ᠎ᠠ ᠬᠠᠪᠰᠤᠷᠤᠨ ᠤᠭᠲᠤᠵᠤ ᠂ ᠴᠡᠷᠢᠭ ᠡᠯᠰᠡᠵᠦ ᠬᠠᠭᠤᠴᠢᠨ ᠢ᠋ ᠰᠤᠷᠭᠠᠨ ᠵᠠᠰᠠᠬᠤᠶ᠎ᠠ᠂ ᠮᠤᠬᠤᠯᠢ ᠭᠠᠪᠢᠶ᠎ᠠ ᠲᠠᠢ ᠳ᠋ᠤᠷ ᠬᠦᠨᠳᠦ ᠱᠠᠩ ᠂ ᠣᠰᠣᠯ ᠳ᠋ᠤᠷ ᠬᠤᠷᠴᠠ ᠴᠠᠭᠠᠵᠠ ᠪᠠᠷ ᠶᠠᠯᠠᠯᠠᠭᠰᠠᠨ᠎ᠠ ᠰᠠᠷᠯᠠᠭ ᠤ᠋ᠨ ᠴᠡᠷᠢᠭ ᠮᠤᠬᠤᠯᠢ ᠶ᠋ᠢ ᠲᠡᠭᠷᠢ ᠰᠠᠬᠢᠭᠤᠯᠰᠤᠨ ᠮᠡᠲᠦ ᠭᠠᠢᠬᠠᠨ ᠪᠢᠰᠢᠷᠡᠵᠦ ᠂ ᠬᠡᠳᠦᠬᠡᠨ ᠰᠠᠷ᠎ᠠ ᠶ᠋ᠢᠨ ᠬᠣᠭᠣᠷᠣᠨᠳᠣ ᠰᠤᠷᠤᠭᠰᠠᠨ ᠠᠨᠤ ᠬᠠᠷᠢᠨ ᠪᠧᠲ᠋ᠠ᠋ ᠤᠯᠤᠰ ᠤ᠋ᠨ ᠴᠡᠷᠢᠭ ᠡᠴᠡ ᠬᠤᠷᠴᠠ ᠱᠠᠯᠠᠮᠠᠭᠠᠢ ᠪᠣᠯᠵᠤᠬᠤᠢ᠃ ᠨᠡᠩ ᠪᠠᠰᠠ ᠰᠠᠷᠯᠠᠭ ᠤ᠋ᠨ ᠬᠥᠮᠦᠨ ᠦ᠌ ᠪᠡᠶ᠎ᠡ ᠶᠡᠬᠡ ᠬᠦᠴᠦᠨ ᠴᠢᠳᠠᠯ ᠦᠯᠡᠮᠵᠢ ᠲᠤᠯᠠ ᠰᠠᠷᠯᠠᠭ ᠤ᠋ᠨ ᠰᠢᠨ᠎ᠡ ᠬᠠᠭᠤᠴᠢᠨ ᠲᠠᠢ ᠨᠡᠢᠯᠡᠭᠦᠯᠵᠦ᠂ ᠬᠥᠭᠰᠢᠨ ᠵᠡᠮᠳᠡᠭ ᠢ᠋ ᠴᠥᠮ ᠢᠯᠭᠠᠨ ᠭᠠᠷᠭᠠᠭᠠᠳ ᠭᠠᠭᠴᠠ ᠴᠢᠭᠢᠷᠠᠭ ᠬᠦᠴᠦᠲᠡᠢ ᠶ᠋ᠢ ᠢᠨᠦ ᠨᠡᠢᠲᠡ ᠨᠠᠢ᠍ᠮᠠᠨ ᠲᠦᠮᠡᠨ ᠳᠣᠯᠣᠭᠠᠨ ᠮᠢᠩᠭᠠᠨ ᠣᠯᠵᠤ᠂ ᠨᠠᠢ᠍ᠮᠠᠨ ᠣᠷᠣᠳ ᠤ᠋ᠨ ᠴᠡᠷᠢᠭ ᠪᠣᠯᠭᠠᠨ ᠵᠣᠬᠢᠶᠠᠵᠤ᠂ ᠬᠤᠪᠢᠯᠬᠤ ᠤᠷᠪᠠᠬᠤ ᠡᠭᠡᠬᠦ ᠤᠬᠤᠷᠢᠬᠤ ᠵᠣᠭᠰᠣᠬᠤ ᠰᠣᠩᠬᠤ ᠠᠭᠳᠤᠢᠬᠤ ᠡᠨᠡ ᠨᠠᠢ᠍ᠮᠠᠨ ᠵᠦᠢᠯ ᠢ᠋ ᠪᠣᠯᠪᠠᠰᠤᠷᠠᠭᠤᠯᠵᠤ ᠰᠤᠷᠭᠠᠭᠠᠳ ᠮᠠᠰᠢ ᠲᠡᠭᠰᠢ ᠴᠡᠷᠢᠭ ᠪᠣᠯᠭᠠᠵᠤᠬᠤᠢ᠃ 
      ᠡᠭᠦᠨ ᠢ᠋ ᠲᠦᠷ ᠵᠣᠭᠰᠣᠵᠤ ᠣᠳᠣ ᠲᠤᠭᠮᠤᠭ ᠤᠯᠤᠰ ᠤ᠋ᠨ ᠬᠠᠭᠠᠨ ᠢ᠋ ᠬᠡᠯᠡᠬᠦ ᠢᠨᠦ ᠡᠨᠡ ᠶᠢᠰᠦᠨ ᠮᠣᠵᠢ ᠶ᠋ᠢᠨ ᠳᠤᠬᠠᠮᠣᠭ ᠤᠯᠤᠰ ᠤ᠋ᠨ ᠡᠵᠡᠨ ᠦ᠌ ᠨᠡᠷ᠎ᠡ ᠢᠨᠦ ᠮᠡᠩᠭᠡᠯᠠ᠂ ᠴᠣᠯᠠ ᠠᠨᠤ ᠰᠦᠯᠳᠡ᠂ ᠨᠠᠰᠤᠨ ᠳᠥᠴᠢᠨ ᠢ᠋ ᠰᠢᠬᠠᠵᠤ ᠳᠦᠷᠢ ᠠᠪᠤᠷᠢ ᠮᠠᠰᠢ ᠳᠣᠭᠰᠢᠨ ᠳᠣᠯᠭᠢᠨ ᠤᠵᠢᠳ ᠨᠥᠷᠢ ᠠᠰᠤᠷᠤ ᠬᠤᠷᠢᠴᠠᠯ ᠨᠢᠰᠸᠠᠨᠢᠰ ᠲᠠᠢ ᠂ ᠪᠠᠷᠠᠭᠤᠨ ᠬᠠᠴᠠᠷ ᠲᠤᠷ ᠥᠨᠳᠡᠭᠡ ᠶ᠋ᠢᠨ ᠴᠢᠨᠡᠭᠡᠨ ᠨᠢᠭᠡᠨ ᠬᠡᠰᠡᠭ ᠬᠥᠬᠡ ᠮᠡᠩᠭᠡ ᠲᠡᠢ ᠂ ᠲᠡᠷᠡ ᠮᠡᠩᠭᠡ ᠶ᠋ᠢᠨ ᠳᠡᠭᠡᠷ᠎ᠡ ᠨᠢᠭᠡᠨ ᠰᠥᠭᠡᠮ ᠬᠢᠷᠢ ᠬᠠᠷ᠎ᠠ ᠦᠰᠦ ᠲᠡᠢ ᠲᠤᠯᠠ ᠣᠯᠠᠨ ᠢ᠋ᠶ᠋ᠠᠷ ᠲᠡᠭᠦᠨ ᠢ᠋ ᠮᠡᠩᠭᠡᠲᠦ ᠬᠠᠭᠠᠨ ᠭᠡᠮᠡᠨ ᠳᠠᠭᠤᠳᠠᠮᠤᠢ ᠂ ᠪᠠᠰᠠ ᠴᠤ᠌ ᠮᠡᠬᠡᠲᠦ ᠬᠠᠭᠠᠨ ᠭᠡᠮᠡᠨ ᠳᠠᠭᠤᠳᠠᠮᠤᠢ ᠂ ᠲᠡᠷᠡ ᠢᠨᠦ ᠡᠬᠡᠨᠡᠷ ᠥᠬᠢᠳ ᠢ᠋ ᠣᠷᠣᠭᠤᠯᠤᠨ ᠠᠪᠬᠤ ᠮᠡᠬᠡ ᠶ᠋ᠢ ᠬᠡᠯᠡᠵᠦᠬᠦᠢ᠃ ᠲᠡᠭᠦᠨ ᠦ᠌ ᠳᠡᠷᠭᠡᠳᠡ ᠪᠡᠷ ᠥᠩᠭᠡᠷᠡᠭᠰᠡᠨ ᠥᠬᠢᠳ ᠡᠬᠡᠨᠡᠷ ᠬᠡᠳᠦᠨ ᠵᠠᠭᠤᠨ ᠳ᠋ᠤᠷ ᠬᠦᠷᠦᠭᠰᠡᠨ ᠠᠵᠤᠭᠤ ᠃ ᠨᠢᠳᠤᠨᠤᠨ ᠬᠠᠪᠤᠷ ᠰᠠᠷᠯᠠᠭ ᠤ᠋ᠨ ᠵᠠᠯᠢᠲᠤ ᠬᠠᠭᠠᠨ ᠪᠧᠲ᠋ᠠ᠋ ᠤᠯᠤᠰ ᠲᠤᠷ ᠪᠠᠢᠯᠳᠤᠬᠤᠢ ᠳ᠋ᠤᠷ ᠡᠭᠦᠨ ᠦ᠌ ᠤᠯᠤᠰ ᠠ᠋ᠴᠠ ᠡᠴᠢᠭᠰᠡᠨ ᠴᠡᠷᠢᠭ ᠢ᠋ ᠬᠡᠷᠡᠢᠳ ᠤᠯᠤᠰ ᠤ᠋ᠨ ᠵᠠᠮᠤᠬ᠎ᠠ ᠥᠪᠡᠷ ᠦ᠋ᠨ ᠴᠡᠷᠢᠭ ᠪᠠ ᠲᠤᠭᠮᠤᠭ ᠤ᠋ᠨ ᠴᠡᠷᠢᠭ ᠯᠦ᠍ᠭᠡ ᠬᠣᠬᠢᠷᠠᠭᠤᠯᠤᠭᠰᠠᠨ ᠦᠭᠡᠢ ᠪᠡᠷ ᠠᠪᠤᠨ ᠭᠠᠷᠴᠤ ᠢᠷᠡᠭᠰᠡᠨ᠎ᠡ ᠂ ᠮᠡᠬᠡᠲᠦ ᠬᠠᠭᠠᠨ ᠵᠠᠮᠤᠬ᠎ᠠ ᠶ᠋ᠢ ᠮᠠᠰᠢ ᠤᠬᠠᠭᠠᠨᠲᠠᠢ ᠬᠥᠮᠦᠨ ᠪᠠᠢᠨᠠᠮ ᠭᠡᠮᠡᠨ ᠳᠠᠷᠤᠢ ᠪᠡᠶ᠎ᠡ ᠳ᠋ᠦ᠍ᠷ ᠢ᠋ᠶ᠋ᠡᠨ ᠬᠠᠪᠰᠤᠷᠤᠭᠤᠯᠵᠤ᠂ ᠪᠧᠲ᠋ᠠ᠋ ᠤᠯᠤᠰ ᠢ᠋ ᠠᠷᠢᠯᠭᠠᠰᠤᠭᠠᠢ ᠭᠡᠮᠡᠨ ᠳᠠᠢᠯᠠᠬᠤ ᠠᠷᠭ᠎ᠠ ᠶ᠋ᠢ ᠵᠥᠪᠯᠡᠭᠰᠡᠨ᠎ᠡ  ᠵᠠᠮᠤᠬ᠎ᠠ : 《 ᠪᠧᠲ᠋ᠠ᠋ ᠤᠯᠤᠰ ᠤ᠋ᠨ ᠡᠨᠡ ᠬᠣᠭᠣᠰᠣᠨ ᠴᠢᠯᠥᠭᠡᠨ ᠳ᠋ᠦ᠍ᠷ ᠣᠷᠣᠵᠤ ᠪᠠᠢᠯᠳᠤᠪᠠᠯ᠂ ᠦᠨᠳᠦᠰᠦᠨ ᠢ᠋ ᠡᠪᠳᠡᠵᠦ᠂ ᠬᠦᠴᠦᠨ ᠢ᠋ ᠪᠠᠭᠤᠷᠠᠭᠤᠯᠤᠭᠠᠳ ᠳᠠᠬᠢᠨ ᠪᠠᠢᠯᠳᠤᠵᠤ ᠡᠪᠳᠡᠬᠦᠢ ᠳ᠋ᠦ᠍ᠷ ᠬᠢᠯᠪᠠᠷ ᠪᠣᠯᠠᠢ ! 》 ᠬᠡᠮᠡᠭᠰᠡᠨ ᠳ᠋ᠦ᠍ᠷ ᠮᠡᠬᠡᠲᠦ ᠬᠠᠭᠠᠨ : 《ᠡᠨᠡ ᠴᠣᠬᠣᠮ ᠬᠡᠪᠴᠢᠶᠡᠨ ᠮᠥᠨ ! 》ᠬᠡᠮᠡᠵᠦ ᠥᠪᠡᠷ ᠦ᠋ᠨ ᠳᠣᠣᠷᠠᠬᠢ ᠴᠡᠷᠢᠭ ᠦ᠋ᠨ ᠳᠥᠷᠪᠡᠨ ᠲᠦᠰᠢᠮᠡᠯ ᠢ᠋ᠶ᠋ᠡᠨ ᠳᠠᠭᠤᠳᠠᠪᠠ ᠃ ᠨᠢᠭᠡᠨ ᠦ᠌ ᠨᠡᠷ᠎ᠡ ᠪᠣᠷᠣ ᠠᠷᠰᠯᠠᠨ᠂ ᠨᠢᠭᠡᠨ ᠦ᠌ ᠨᠡᠷ᠎ᠡ ᠰᠣᠳᠣ ᠭᠠᠷᠤᠳᠢ᠂ ᠨᠢᠭᠡᠨ ᠦ᠌ ᠨᠡᠷ᠎ᠡ ᠭᠠᠯᠵᠠᠭᠤ ᠪᠠᠷᠰ ᠂ ᠨᠢᠭᠡ ᠶ᠋ᠢᠨ ᠨᠡᠷ᠎ᠡ ᠰᠣᠭᠲᠣᠭᠤ ᠯᠤᠤ – ᠡᠢᠮᠦ ᠳᠥᠷᠪᠡᠨ ᠲᠦᠰᠢᠮᠡᠯ ᠪᠥᠯᠥᠭᠡ ᠃ ᠡᠨᠡ ᠳᠥᠷᠪᠡᠨ ᠲᠦᠰᠢᠮᠡᠯ ᠯᠦ᠍ᠭᠡ ᠪᠡᠨ ᠵᠥᠪᠯᠡᠯᠳᠦᠵᠦ ᠂ ᠲᠠᠪᠤᠨ ᠲᠦᠮᠡᠨ ᠰᠢᠯᠭᠠᠭᠰᠠᠨ ᠴᠡᠷᠢᠭ ᠠᠪᠴᠤ ᠪᠧᠲ᠋ᠠ᠋ ᠤᠯᠤᠰ ᠤ᠋ᠨ ᠵᠠᠬ᠎ᠠ ᠳ᠋ᠤᠷ ᠬᠠᠯᠳᠠᠷ᠎ᠠ ᠢᠷᠡᠭᠡᠳ ᠰᠠᠨᠠᠮᠰᠠᠷ ᠦᠭᠡᠢ ᠪᠧᠲ᠋ᠠ᠋ ᠤᠯᠤᠰ ᠤ᠋ᠨ ᠰᠡᠷᠭᠡᠢᠯᠡᠨ ᠴᠠᠭᠳᠠᠬᠤ ᠪᠤᠭᠤᠷᠵᠢ ᠂ ᠪᠤᠭᠤᠷᠤᠯ ᠨᠠᠷ ᠤ᠋ᠨ ᠴᠡᠷᠢᠭ ᠲᠦ᠍ᠷ ᠤᠴᠠᠷᠠᠵᠤ᠂ ᠨᠢᠭᠡᠨ ᠵᠡᠷᠭᠡ ᠶᠡᠬᠡᠯ᠎ᠡ ᠳᠠᠷᠤᠭᠳᠠᠵᠤ ᠡᠭᠡᠵᠦ ᠬᠠᠷᠢᠭ᠍ᠰᠠᠨ ᠠᠵᠤᠭᠤ ᠃ 
      ᠲᠡᠳᠦᠢ ᠮᠡᠬᠡᠲᠦ ᠬᠠᠭᠠᠨ ᠶᠡᠬᠡᠯ᠎ᠡ ᠠᠭᠤᠷᠯᠠᠵᠤ᠂ ᠨᠢᠭᠡᠨ ᠡᠪᠦᠯ ᠢ᠋ ᠬᠦᠯᠢᠶᠡᠨ ᠥᠩᠭᠡᠷᠡᠵᠦ᠂ ᠡᠨᠡ ᠬᠠᠪᠤᠷ ᠭᠠᠷᠴᠤ ᠢᠷᠡᠭᠡᠳ ᠬᠠᠷᠠᠬᠠᠨ ᠴᠡᠷᠢᠭ ᠪᠠᠢᠭᠤᠯᠤᠨ ᠦᠰ ᠠᠪᠰᠤᠭᠠᠢ ᠬᠡᠮᠡᠵᠦ ᠪᠠᠢᠲᠠᠯ᠎ᠠ ᠴᠢᠪᠬᠢᠲᠡᠯ᠎ᠡ ᠡᠮᠦᠨ᠎ᠡ ᠬᠠᠷᠠᠭᠤᠯ ᠠ᠋ᠴᠠ ᠲᠤᠷᠰᠢᠭᠤᠯ ᠤ᠋ᠨ ᠬᠥᠮᠦᠨ ᠢᠷᠡᠵᠦ ᠮᠡᠳᠡᠭᠦᠯᠦᠷᠦᠨ : 《ᠡᠮᠦᠨ᠎ᠡ ᠡᠯᠡᠰᠦᠨ ᠦ᠌ ᠪᠧᠲ᠋ᠠ᠋ ᠤᠯᠤᠰ ᠬᠣᠷᠢᠨ ᠲᠦᠮᠡᠨ ᠶᠡᠬᠡ ᠴᠡᠷᠢᠭ ᠢ᠋ ᠠᠪᠴᠤ ᠢᠷᠡᠮᠦᠢ ᠭᠡᠮᠡᠨ ᠲᠡᠳᠡᠨ ᠦ᠌ ᠬᠣᠢᠲᠤ ᠵᠠᠬ᠎ᠠ ᠳ᠋ᠤᠷ ᠶᠡᠬᠡ ᠪᠠᠭᠤᠳᠠᠯ ᠪᠡᠯᠡᠳᠬᠡᠵᠦ ᠬᠦᠯᠢᠶᠡᠮᠦᠢ᠃ 》 ᠬᠡᠮᠡᠲᠡᠯ᠎ᠡ ᠪᠠᠷᠠᠭᠤᠨ ᠡᠮᠦᠨ᠎ᠡ ᠰᠠᠷᠯᠠᠭ ᠤᠯᠤᠰ ᠤ᠋ᠨ ᠵᠠᠬ᠎ᠠ ᠳ᠋ᠤᠷ ᠪᠦᠬᠦᠢ ᠲᠤᠷᠰᠢᠭᠤᠯ ᠪᠠᠰᠠ ᠳᠣᠪᠲᠣᠯᠤᠨ ᠢᠷᠡᠵᠦ ᠮᠡᠳᠡᠭᠦᠯᠦᠷᠦᠨ : 《ᠪᠧᠲ᠋ᠠ᠋ ᠤᠯᠤᠰ ᠤ᠋ᠨ ᠬᠦᠯᠦᠭ ᠪᠠᠭᠠᠲᠤᠳ ᠰᠠᠷᠯᠠᠭ ᠤᠯᠤᠰ ᠤ᠋ᠨ ᠠᠷᠪᠠᠨ ᠲᠦᠮᠡᠨ ᠴᠡᠷᠢᠭ ᠢ᠋ ᠠᠪᠴᠤ ᠨᠢᠳᠤᠨᠤᠨ ᠤ᠋ ᠦᠰ ᠢ᠋ᠶ᠋ᠡᠨ ᠠᠪᠤᠷ᠎ᠠ ᠣᠳᠤᠮᠤᠢ ᠭᠡᠮᠡᠨ ᠨᠢᠭᠡᠨᠲᠡ ᠪᠡᠯᠡᠨ ᠪᠣᠯᠪᠠ ! 》 ᠬᠡᠮᠡᠬᠦᠢ ᠳ᠋ᠦ᠍ᠷ ᠮᠡᠬᠡᠲᠦ ᠬᠠᠭᠠᠨ ᠶᠡᠬᠡᠯ᠎ᠡ ᠭᠡᠯᠮᠡᠵᠦ᠂ ᠣᠯᠠᠨ ᠡᠮᠡᠰ ᠰᠤᠯᠠᠴᠤᠳ ᠢ᠋ᠶ᠋ᠠᠨ ᠣᠷᠬᠢᠵᠤ᠂ ᠥᠪᠡᠷ ᠦ᠋ᠨ ᠬᠦᠷᠦ ᠨᠡᠷᠡᠲᠦ ᠬᠣᠲᠠ ᠶ᠋ᠢᠨ ᠡᠮᠦᠨ᠎ᠡ ᠪᠡᠨ ᠥᠪᠡᠷ ᠦ᠋ᠨ ᠶᠢᠰᠦᠨ ᠮᠣᠵᠢ ᠤᠯᠤᠰ ᠴᠡᠷᠢᠭ ᠢ᠋ᠶ᠋ᠡᠨ ᠪᠠᠷᠠᠲᠠᠯ᠎ᠠ ᠪᠠᠢᠭᠤᠯᠤᠨ ᠠᠷᠪᠠᠨ ᠲᠦᠮᠡᠨ ᠪᠣᠯᠭᠠᠵᠤ᠂ ᠶᠡᠬᠡ ᠵᠠᠩᠵᠤᠨ ᠪᠣᠷᠣ ᠠᠷᠰᠯᠠᠨ᠂ ᠰᠣᠳᠣ ᠭᠠᠷᠤᠳᠢ ᠬᠣᠶᠠᠭᠤᠯᠠ ᠳ᠋ᠤᠷ ᠬᠣᠶᠠᠷ ᠲᠦᠮᠡᠨ ᠴᠡᠷᠢᠭ ᠥᠭᠴᠦ ᠰᠠᠷᠯᠠᠭ ᠤᠯᠤᠰ ᠤ᠋ᠨ ᠵᠠᠬ᠎ᠠ ᠳ᠋ᠤᠷ ᠲᠤᠯᠤᠷ᠎ᠠ ᠢᠯᠡᠭᠡᠵᠦ᠂ ᠬᠡᠷᠡᠢᠳ ᠦ᠋ᠨ ᠵᠠᠮᠤᠬ᠎ᠠ᠂ ᠰᠣᠭᠲᠣᠭᠤ ᠯᠤᠤ ᠂ ᠭᠠᠯᠵᠠᠭᠤ ᠪᠠᠷᠰ ᠭᠤᠷᠪᠠᠭᠤᠯᠠ ᠳ᠋ᠤᠷ ᠭᠤᠷᠪᠠᠨ ᠲᠦᠮᠡᠨ ᠴᠡᠷᠢᠭ ᠥᠭᠴᠦ ᠪᠧᠲ᠋ᠠ᠋ ᠤᠯᠤᠰ ᠤ᠋ᠨ ᠵᠠᠬ᠎ᠠ ᠪᠠ ᠥᠪᠡᠷ ᠦ᠋ᠨ ᠤᠯᠤᠰ ᠤ᠋ᠨ ᠵᠠᠪᠰᠠᠷ ᠲᠤᠷ ᠪᠦᠬᠦᠢ ᠭᠠᠯ ᠬᠠᠢᠷᠬᠠᠨ ᠬᠡᠮᠡᠬᠦ ᠠᠭᠤᠯᠠᠨ᠎ᠠ ᠪᠧᠲ᠋ᠠ᠋ ᠤᠯᠤᠰ ᠤ᠋ᠨ ᠴᠡᠷᠢᠭ ᠢ᠋ ᠲᠤᠯᠤᠷ᠎ᠠ ᠢᠯᠡᠭᠡᠪᠡ᠃ ᠥᠪᠡᠷ ᠦ᠋ᠨ ᠪᠡᠶ᠎ᠡ ᠠᠷᠪᠠᠨ ᠲᠦᠮᠡᠨ ᠴᠡᠷᠢᠭ ᠢ᠋ᠶ᠋ᠡᠨ ᠠᠪᠤᠨ ᠬᠣᠶᠠᠷ ᠴᠡᠷᠢᠭ ᠦ᠋ᠨ ᠳᠤᠮᠳᠠ ᠪᠠᠭᠤᠳᠠᠯᠯᠠᠵᠤ ᠂ ᠬᠣᠶᠠᠷ ᠡᠲᠡᠭᠡᠳ ᠲᠣᠷ ᠲᠤᠰᠠᠯᠠᠬᠤ ᠪᠠᠷ ᠪᠡᠯᠡᠳᠬᠡᠪᠡ ᠃ ᠤᠳᠠᠭᠰᠠᠨ ᠦᠭᠡᠢ ᠭᠤᠷᠪᠠᠨ ᠰᠠᠷ᠎ᠠ ᠶ᠋ᠢᠨ ᠬᠠᠭᠤᠴᠢᠳ ᠢ᠋ᠶ᠋ᠠᠷ ᠪᠣᠷᠣ ᠠᠷᠰᠯᠠᠨ ᠤ᠋ ᠴᠡᠷᠢᠭ ᠦ᠋ᠨ ᠬᠥᠮᠦᠨ ᠢᠷᠡᠵᠦ ᠮᠡᠳᠡᠭᠦᠯᠦᠷᠦᠨ :《 ᠰᠠᠷᠯᠠᠭ ᠤ᠋ᠨ ᠴᠡᠷᠢᠭ ᠠᠰᠤᠷᠤ ᠬᠦᠴᠦᠲᠡᠢ ᠬᠡᠮᠡᠮᠦᠢ᠃ ᠨᠡᠩ ᠪᠠᠰᠠ ᠴᠡᠷᠢᠭ ᠦ᠋ᠨ ᠲᠣᠭ᠎ᠠ ᠠᠷᠪᠠᠨ ᠲᠠᠪᠤᠨ ᠲᠦᠮᠡᠨ ᠡᠴᠡ ᠴᠦ᠍ ᠳᠠᠪᠠᠵᠤᠬᠤᠢ᠃ ᠡᠵᠡᠨ ᠲᠤᠰᠠᠯᠠᠷ᠎ᠠ ᠢᠷᠡᠮᠦ ! 》 ᠬᠡᠮᠡᠭᠰᠡᠨ ᠳ᠋ᠦ᠍ᠷ ᠡᠨᠡᠲᠡᠭᠡ ᠡᠲᠡᠭᠡᠳ ᠳᠡᠮᠡᠢ ᠴᠢᠮᠡᠭᠡ ᠦᠭᠡᠢ ᠲᠤᠯᠠ ᠳᠠᠷᠤᠢ ᠶᠡᠬᠡ ᠴᠡᠷᠢᠭ ᠢ᠋ᠶ᠋ᠡᠨ ᠠᠪᠤᠨ ᠰᠠᠷᠯᠠᠭ ᠤᠯᠤᠰ ᠤ᠋ᠨ ᠵᠦᠭ ᠮᠣᠷᠳᠠᠵᠤ ᠲᠡᠨᠳᠡ ᠬᠦᠷᠪᠡᠰᠦ᠂ ᠪᠣᠷᠣ ᠠᠷᠰᠯᠠᠨ ᠤᠭᠲᠤᠵᠤ ᠮᠡᠳᠡᠭᠦᠯᠦᠷᠦᠨ: 《ᠮᠤᠬᠤᠯᠢ ᠶ᠋ᠢᠨ ᠴᠡᠷᠢᠭ ᠡᠵᠡᠨ ᠦ᠌ ᠢᠷᠡᠬᠦ ᠶ᠋ᠢ ᠰᠣᠨᠣᠰᠴᠤ ᠬᠡᠳᠦᠢᠨᠡᠢ ᠡᠭᠡᠪᠡ᠃ 》ᠬᠡᠮᠡᠭᠰᠡᠨ ᠳ᠋ᠦ᠍ᠷ ᠮᠡᠬᠡᠲᠦ ᠬᠠᠭᠠᠨ ᠲᠠᠪᠠ ᠦᠭᠡᠢ ᠪᠥᠬᠥᠶ᠎ᠡ ᠂ ᠡᠮᠦᠨ᠎ᠡ ᠵᠠᠬ᠎ᠠ ᠳ᠋ᠤᠷ ᠰᠠᠭᠤᠵᠤ ᠪᠠᠢᠬᠤ ᠵᠠᠮᠤᠬ᠎ᠠ ᠶ᠋ᠢᠨ ᠡᠮᠦᠨ᠎ᠡ ᠡᠴᠡ ᠡᠯᠴᠢ ᠢᠷᠡᠵᠦ ᠲᠤᠰᠠᠯᠠᠬᠤ ᠴᠡᠷᠢᠭ ᠭᠤᠶᠤᠮᠤᠢ ᠬᠡᠮᠡᠭᠰᠡᠨ ᠳ᠋ᠦ᠍ᠷ ᠮᠡᠬᠡᠲᠦ ᠬᠠᠭᠠᠨ ᠪᠡᠶ᠎ᠡ ᠪᠡᠷ ᠶᠡᠬᠡ ᠴᠡᠷᠢᠭ ᠢ᠋ᠶ᠋ᠡᠨ ᠠᠪᠴᠤ ᠳᠣᠪᠲᠣᠯᠤᠨ ᠢᠷᠡᠲᠡᠯ᠎ᠡ ᠵᠠᠮᠤᠬ᠎ᠠ ᠮᠥᠷᠭᠥᠨ ᠤᠭᠲᠤᠵᠤ ᠮᠡᠳᠡᠭᠦᠯᠦᠷᠦᠨ : 《 ᠪᠧᠲ᠋ᠠ᠋ ᠤᠯᠤᠰ ᠤ᠋ᠨ ᠴᠡᠷᠢᠭ ᠬᠠᠭᠠᠨ ᠡᠵᠡᠨ ᠦ᠌ ᠪᠡᠶ᠎ᠡ ᠪᠡᠷ ᠢᠷᠡᠬᠦ ᠶ᠋ᠢ ᠰᠣᠨᠣᠰᠴᠤ ᠶᠡᠬᠡ ᠰᠦᠷ ᠡᠴᠡ ᠠᠶᠤᠨ ᠭᠡᠨᠡᠳᠲᠡ ᠡᠭᠡᠪᠡ᠃ 》ᠬᠡᠮᠡᠬᠦᠢ ᠳ᠋ᠦ᠍ᠷ ᠮᠡᠬᠡᠲᠦ ᠬᠠᠭᠠᠨ ᠰᠠᠶᠢ ᠪᠠᠬᠠᠨ ᠠᠮᠠᠷᠠᠰᠤᠭᠠᠢ ᠬᠡᠮᠡᠲᠡᠯ᠎ᠡ ᠪᠠᠷᠠᠭᠤᠨ ᠵᠠᠬ᠎ᠠ ᠶ᠋ᠢᠨ ᠪᠣᠷᠣ ᠠᠷᠰᠯᠠᠨ ᠤ᠋ ᠲᠡᠨᠳᠡ ᠡᠴᠡ ᠪᠠᠰᠠ ᠡᠯᠴᠢ ᠢᠷᠡᠵᠦ ᠮᠡᠳᠡᠭᠦᠯᠦᠷᠦᠨ : 《ᠡᠵᠡᠨ ᠦ᠌ ᠡᠭᠡᠭᠰᠡᠨ ᠢ᠋ ᠪᠧᠲ᠋ᠠ᠋ ᠤᠯᠤᠰ ᠤ᠋ᠨ ᠴᠡᠷᠢᠭ ᠰᠣᠨᠣᠰᠤᠮᠠᠭᠴᠠ ᠪᠠᠰᠠ ᠡᠭᠡᠵᠦ ᠢᠷᠡᠪᠡ ᠬᠡᠮᠡᠮᠦᠢ 》ᠬᠡᠮᠡᠭᠰᠡᠨ ᠳ᠋ᠦ᠍ᠷ ᠮᠡᠬᠡᠲᠦ ᠬᠠᠭᠠᠨ ᠪᠠᠰᠠ ᠶᠡᠬᠡ ᠴᠡᠷᠢᠭ ᠢ᠋ᠶ᠋ᠡᠨ ᠠᠪᠴᠤ ᠭᠤᠷᠪᠠᠨ ᠡᠳᠦᠷ ᠦ᠋ᠨ ᠵᠠᠮ ᠶᠠᠪᠤᠲᠠᠯ᠎ᠠ ᠪᠣᠷᠣ ᠠᠷᠰᠯᠠᠨ ᠤ᠋ ᠡᠮᠦᠨ᠎ᠡ ᠡᠴᠡ ᠪᠠᠰᠠ ᠬᠥᠮᠦᠨ ᠤᠭᠲᠤᠨ ᠢᠷᠡᠵᠦ ᠮᠡᠳᠡᠭᠦᠯᠦᠷᠦᠨ : 《 ᠪᠧᠲ᠋ᠠ᠋ ᠤᠯᠤᠰ ᠤ᠋ᠨ ᠴᠡᠷᠢᠭ ᠪᠠᠰᠠ ᠡᠭᠡᠵᠦ ᠳᠤᠲᠠᠭᠠᠪᠠ ! 》 ᠬᠡᠮᠡᠲᠡᠯ᠎ᠡ ᠵᠠᠮᠤᠬ᠎ᠠ ᠶ᠋ᠢᠨ ᠴᠡᠷᠢᠭ ᠦ᠋ᠨ ᠬᠦᠷᠢᠶ᠎ᠡ ᠡᠴᠡ ᠰᠣᠭᠲᠣᠭᠤ ᠯᠤᠤ ᠳᠣᠪᠲᠣᠯᠤᠨ ᠢᠷᠡᠵᠦ ᠮᠡᠳᠡᠭᠦᠯᠦᠷᠦᠨ : 《 ᠪᠧᠲ᠋ᠠ᠋ ᠤᠯᠤᠰ ᠤ᠋ᠨ ᠡᠵᠡᠨ ᠪᠡᠶ᠎ᠡ ᠪᠡᠷ ᠠᠷᠪᠠᠨ ᠲᠦᠮᠡᠨ ᠦ᠌ ᠶᠡᠬᠡ ᠴᠡᠷᠢᠭ ᠠᠪᠴᠤ ᠬᠣᠢᠲᠤ ᠵᠠᠬ᠎ᠠ ᠳ᠋ᠤᠷ ᠢ᠋ᠶ᠋ᠠᠨ ᠪᠠᠭᠤᠳᠠᠯᠯᠠᠪᠠ ᠃ ᠲᠤᠭ ᠰᠢᠭᠦᠷ ᠢ᠋ ᠳᠣᠳᠣᠷᠬᠠᠶ᠎ᠠ ᠦᠵᠡᠪᠡ᠃ 》ᠬᠡᠮᠡᠬᠦᠢ ᠳ᠋ᠦ᠍ᠷ ᠮᠡᠬᠡᠲᠦ ᠬᠠᠭᠠᠨ ᠮᠠᠲᠠᠷ ᠳᠣᠣᠷ᠎ᠠ ᠪᠠᠨ ᠠᠶᠤᠩᠭ᠎ᠠ ᠮᠡᠲᠦ ᠬᠢᠯᠢᠩᠯᠡᠨ ᠦᠰᠦᠷᠦᠨ ᠪᠣᠰᠴᠤ ᠰᠢᠭᠤᠳ ᠬᠣᠢᠨ᠎ᠠ ᠠ᠋ᠴᠠ ᠠᠨᠤ ᠨᠡᠬᠡᠵᠦ ᠠᠯᠠᠰᠤᠭᠠᠢ ᠭᠡᠮᠡᠨ ᠳᠣᠪᠲᠣᠯᠤᠨ ᠬᠦᠷᠴᠦ ᠢᠷᠡᠲᠡᠯ᠎ᠡ ᠵᠠᠮᠤᠬ᠎ᠠ ᠨᠢᠭᠡᠨ ᠡᠳᠦᠷ ᠦ᠋ᠨ ᠵᠠᠮ ᠠ᠋ᠴᠠ ᠤᠭᠲᠤᠵᠤ ᠮᠡᠳᠡᠭᠦᠯᠦᠷᠦᠨ : 《ᠡᠵᠡᠨ ᠦ᠌ ᠰᠦᠷ ᠪᠤᠶᠠᠨ ᠬᠡᠮᠡᠭᠴᠢ ᠡᠵᠡᠳ ᠰᠠᠬᠢᠭᠤᠯᠰᠤᠨ ᠮᠡᠲᠦ ᠳ᠋ᠦ᠍ᠷ ᠪᠧᠲ᠋ᠠ᠋ ᠤᠯᠤᠰ ᠤ᠋ᠨ ᠴᠡᠷᠢᠭ ᠰᠣᠨᠣᠰᠤᠮᠠᠭᠴᠠ ᠬᠡᠳᠦᠢᠨᠡᠢ ᠳᠤᠲᠠᠭᠠᠪᠠᠢ ! 》 ᠬᠡᠮᠡᠬᠦᠢ ᠳ᠋ᠦ᠍ᠷ ᠮᠡᠬᠡᠲᠦ ᠬᠠᠭᠠᠨ ᠨᠡᠩ ᠬᠢᠯᠢᠩᠯᠡᠵᠦ᠂ ᠬᠣᠢᠨ᠎ᠠ ᠠ᠋ᠴᠠ ᠠᠨᠤ ᠨᠡᠬᠡᠵᠦ ᠠᠯᠠᠰᠤᠭᠠᠢ ᠬᠡᠮᠡᠬᠦᠢ ᠳ᠋ᠦ᠍ᠷ ᠵᠠᠮᠤᠬ᠎ᠠ ᠮᠡᠳᠡᠭᠦᠯᠦᠷᠦᠨ : 《ᠬᠡᠳᠦᠢ ᠨᠡᠬᠡᠪᠡᠴᠦ ᠭᠦᠢᠴᠡᠬᠦ ᠦᠭᠡᠢ ᠪᠣᠯᠪᠠ ! 》 ᠭᠡᠮᠡᠨ ᠬᠠᠷᠠᠬᠠᠨ ᠴᠢᠷᠠᠭᠠᠯᠠᠯᠳᠤᠨ ᠪᠥᠬᠥᠶ᠎ᠡ᠂ ᠪᠣᠷᠣ ᠠᠷᠰᠯᠠᠨ ᠤ᠋ ᠲᠡᠨᠳᠡ ᠡᠴᠡ ᠪᠠᠰᠠ ᠳᠣᠪᠲᠣᠯᠤᠨ ᠢᠷᠡᠵᠦ ᠮᠡᠳᠡᠭᠦᠯᠦᠷᠦᠨ : 《ᠪᠧᠲ᠋ᠠ᠋ ᠤᠯᠤᠰ ᠤ᠋ᠨ ᠴᠡᠷᠢᠭ ᠡᠨᠳᠡ ᠢᠷᠡᠭᠡᠳ ᠡᠵᠡᠨ ᠦ᠌ ᠮᠡᠳᠡᠭᠡ ᠶ᠋ᠢ ᠣᠯᠵᠤ᠂ ᠠᠳᠡᠬᠢ ᠶ᠋ᠢ ᠣᠷᠬᠢᠭᠠᠳ ᠪᠠᠷᠠᠭᠤᠨ ᠰᠠᠷᠯᠠᠭ ᠢ᠋ᠶ᠋ᠠᠷ ᠣᠷᠣᠪᠠ᠂ ᠣᠯᠳᠠᠬᠤᠯ᠎ᠠ ᠡᠵᠡᠨ ᠡᠷᠬᠡᠪᠰᠢ ᠲᠡᠨᠳᠡ ᠡᠴᠢᠬᠦ ᠪᠣᠯᠪᠠᠤ ! 》ᠬᠡᠮᠡᠭᠰᠡᠨ ᠳ᠋ᠦ᠍ᠷ ᠮᠡᠬᠡᠲᠦ ᠬᠠᠭᠠᠨ ᠶᠡᠬᠡᠯ᠎ᠡ ᠠᠭᠤᠷᠯᠠᠵᠤ : 《ᠡᠨᠡ ᠶᠠᠮᠪᠠᠷ ᠶᠠᠪᠤᠳᠠᠯ ᠬᠡᠮᠡᠭᠴᠢ ᠪᠣᠢ᠂ ᠡᠨᠡ ᠵᠤᠨ ᠤ᠋ ᠶᠡᠬᠡ ᠬᠠᠯᠠᠭᠤᠨ᠎ᠠ ᠲᠠᠨ ᠤ᠋ ᠬᠣᠶᠠᠷ ᠡᠲᠡᠭᠡᠳ ᠮᠢᠨᠦ ᠪᠡᠶ᠎ᠡ ᠪᠡᠷ ᠨᠠᠭᠠᠳᠤᠮ ᠬᠢᠬᠦ ᠪᠤᠶᠤ ! 》ᠭᠡᠮᠡᠨ ᠦᠰᠦᠷᠬᠢᠯᠡᠨ ᠳᠡᠪᠬᠡᠴᠡᠬᠦᠢ ᠳ᠋ᠦ᠍ᠷ ᠵᠠᠮᠤᠬ᠎ᠠ ᠬᠠᠵᠠᠭᠤ ᠠ᠋ᠴᠠ ᠳᠠᠬᠢᠨ ᠳᠠᠬᠢᠨ ᠮᠥᠷᠭᠥᠵᠦ ᠮᠡᠩᠳᠡᠯᠬᠢᠯᠡᠨ   ᠬᠣᠷᠢᠭᠯᠠᠭᠰᠠᠨ᠎ᠠ᠂ ᠮᠡᠬᠡᠲᠦ ᠬᠠᠭᠠᠨ ᠠᠷᠭ᠎ᠠ ᠦᠭᠡᠢ ᠪᠠᠰᠠ ᠶᠡᠬᠡ ᠴᠡᠷᠢᠭ ᠢ᠋ᠶ᠋ᠡᠨ ᠠᠪᠴᠤ ᠰᠠᠷᠯᠠᠭ ᠤ᠋ᠨ ᠵᠦᠭ ᠳᠣᠪᠲᠣᠯᠪᠠ᠃ 
      ᠡᠨᠡ ᠨᠢᠭᠡᠨ ᠬᠠᠪᠤᠷ ᠨᠢᠭᠡᠨ ᠵᠤᠨ ᠮᠢᠩᠭᠠᠨ ᠰᠢᠬᠠᠮ ᠭᠠᠵᠠᠷ ᠢ᠋ ᠥᠭᠡᠳᠡ ᠤᠷᠤᠭᠤ ᠬᠡᠳᠦᠨᠲᠡ ᠶᠠᠪᠤᠵᠤ ᠬᠠᠰᠢᠷᠠᠭᠰᠠᠨ ᠢ᠋ᠶ᠋ᠠᠷ ᠮᠣᠷᠢᠨ ᠤ᠋ ᠨᠢᠷᠤᠭᠤ ᠴᠥᠮ ᠳᠠᠭᠠᠷᠢᠲᠤᠵᠤ᠂ ᠬᠥᠮᠦᠨ ᠦ᠌ ᠪᠥᠭᠰᠡ ᠴᠥᠮ ᠬᠣᠯᠭᠣᠨ᠂ ᠴᠡᠷᠢᠭ ᠬᠤᠶᠠᠭ ᠶᠠᠳᠠᠩᠭᠢᠷᠠᠵᠤ᠂ ᠠᠭᠲᠠ ᠮᠣᠷᠢᠳ ᠲᠤᠷᠠᠵᠤᠬᠤᠢ᠃ ᠨᠡᠩᠳᠡ ᠮᠡᠬᠡᠲᠦ ᠬᠠᠭᠠᠨ ᠴᠤ᠌ ᠮᠠᠨᠠᠷᠠᠨ ᠴᠥᠬᠥᠵᠦ᠂ ᠰᠥᠨᠢ ᠡᠳᠦᠷ ᠥᠭᠡᠶ᠎ᠡ ᠳᠣᠪᠲᠣᠯᠤᠨ ᠬᠦᠷᠴᠦ ᠢᠷᠠᠪᠠᠰᠤ ᠪᠣᠷᠣ ᠠᠷᠰᠯᠠᠨ ᠪᠠᠰᠠ ᠤᠭᠲᠤᠨ ᠢᠷᠡᠵᠦ ᠮᠡᠳᠡᠭᠦᠯᠦᠷᠦᠨ :《ᠡᠨᠡ ᠤᠳᠠᠭ᠎ᠠ ᠳᠠᠢᠰᠤᠨ ᠤ᠋ ᠴᠡᠷᠢᠭ ᠡᠭᠡᠭᠰᠡᠨ ᠦᠭᠡᠢ᠂ ᠰᠠᠷᠯᠠᠭ ᠮᠥᠷᠡᠨ ᠦ᠌ ᠴᠠᠭᠠᠨ᠎ᠠ ᠪᠠᠭᠤᠳᠠᠯᠯᠠᠵᠤ ᠪᠣᠢ᠃ 》 ᠬᠡᠮᠡᠬᠦᠢ ᠳ᠋ᠦ᠍ᠷ ᠮᠡᠬᠡᠲᠦ ᠬᠠᠭᠠᠨ ᠶᠡᠬᠡᠯ᠎ᠡ ᠬᠢᠯᠢᠩᠯᠡᠵᠦ᠂ ᠡᠯᠴᠢ ᠢᠯᠡᠭᠡᠵᠦ ᠪᠠᠢᠯᠳᠤᠬᠤ ᠶ᠋ᠢ ᠪᠣᠯᠵᠣᠷ᠎ᠠ ᠢᠯᠡᠭᠡᠭᠰᠡᠨ ᠳ᠋ᠦ᠍ᠷ ᠡᠯᠴᠢ ᠮᠥᠷᠡᠨ ᠢ᠋ ᠭᠡᠲᠦᠯᠦᠨ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠪᠡᠰᠦ᠂ ᠶᠠᠭᠤᠨᠠᠢ ᠪᠧᠲ᠋ᠠ᠋ ᠤᠯᠤᠰ ᠤ᠋ᠨ ᠡᠵᠡᠨ ᠠᠵᠢ !ᠦᠵᠡᠰᠡ ᠵᠢᠨᠦᠩ ᠮᠤᠬᠤᠯᠢ ᠠᠨᠤ ᠣᠯᠠᠨ ᠴᠡᠷᠢᠭ ᠦ᠋ᠨ ᠮᠣᠷᠢᠳ ᠢ᠋ ᠤᠰᠤ ᠡᠪᠡᠰᠦᠨ ᠦ᠌ ᠰᠠᠢᠨ ᠢ᠋ ᠡᠷᠢᠵᠦ ᠪᠡᠯᠴᠢᠭᠡᠷᠯᠡᠭᠦᠯᠦᠨ ᠶᠠᠪᠤᠬᠤ ᠠᠵᠤᠭᠤ᠃
      ᠡᠯᠴᠢ᠂ ᠮᠤᠬᠤᠯᠢ ᠳ᠋ᠤᠷ ᠵᠣᠯᠭᠠᠵᠤ ᠪᠠᠢᠯᠳᠤᠬᠤ ᠪᠢᠴᠢᠭ ᠢ᠋ᠶ᠋ᠡᠨ ᠪᠠᠷᠢᠭ᠍ᠰᠠᠨ᠎ᠠ᠂ ᠮᠤᠬᠤᠯᠢ ᠪᠢᠴᠢᠭ ᠢ᠋ ᠦᠵᠡᠵᠦ ᠢᠨᠢᠶᠡᠨ ᠥᠭᠦᠯᠡᠷᠦᠨ : 《ᠡᠨᠡ ᠪᠠᠰᠠ ᠰᠣᠨᠢᠨ ᠪᠢᠰᠢ ᠦᠦ ?  ᠪᠢᠳᠡ ᠶᠡᠷᠦ ᠲᠠᠨ ᠯᠤᠭ᠎ᠠ ᠬᠠᠯᠳᠠᠭᠰᠠᠨ ᠭᠠᠵᠠᠷ ᠣᠭᠲᠣ ᠦᠭᠡᠢ᠂ ᠮᠠᠨ ᠤ᠋ ᠡᠨᠡ ᠴᠡᠷᠢᠭ ᠦ᠋ᠨ ᠬᠦᠷᠢᠶ᠎ᠡ ᠬᠡᠮᠡᠭᠴᠢ ᠪᠢᠳᠡᠨ ᠦ᠌ ᠰᠢᠨ᠎ᠡ ᠣᠯᠤᠭᠰᠠᠨ ᠰᠠᠷᠯᠠᠭ ᠤ᠋ᠨ ᠴᠡᠷᠢᠭ ᠢ᠋ᠶ᠋ᠡᠨ ᠰᠤᠷᠭᠠᠵᠤ᠂ ᠠᠭᠲᠠ ᠮᠣᠷᠢᠳ ᠢ᠋ᠶ᠋ᠠᠨ ᠪᠡᠯᠴᠢᠭᠡᠷᠯᠡᠭᠦᠯᠵᠦ ᠪᠣᠷᠳᠣᠬᠤ ᠭᠠᠵᠠᠷ ᠪᠣᠢ ‍ᠶ᠎ᠠ᠂ ᠲᠠᠨ ᠳ᠋ᠤᠷ ᠣᠭᠲᠣ ᠬᠠᠷᠢᠶ᠎ᠠ ᠦᠭᠡᠢ ᠪᠣᠯᠠᠢ᠃ ᠴᠢ ᠡᠰᠡ ᠢᠲᠡᠭᠡᠪᠡᠰᠦ ᠮᠠᠨ ᠤ᠋ ᠴᠡᠷᠢᠭ ᠦ᠋ᠨ ᠬᠦᠷᠢᠶ᠎ᠡ ᠶ᠋ᠢ ᠲᠣᠭᠣᠷᠢᠵᠤ ᠪᠠᠢᠴᠠᠭᠠᠨ ᠦᠵᠡ᠂ ᠴᠡᠷᠢᠭ ᠲᠦ᠍ᠷ ᠮᠣᠷᠳᠠᠬᠤ ᠪᠠᠢᠳᠠᠯ ᠪᠣᠢ ᠤᠤ ? ᠲᠠ ᠶᠠᠭᠤᠨ ᠳ᠋ᠤᠷ ᠡᠢᠨ ᠬᠦ᠌ ᠴᠦᠯᠢᠰᠳᠡᠨ ᠣᠷᠬᠢᠭ᠍ᠰᠠᠨ ᠠᠵᠢ ! ᠲᠠ ᠬᠡᠷᠪᠡ ᠮᠠᠨ ᠤ᠋ ᠴᠡᠷᠢᠭ ᠢ᠋ ᠲᠠᠨ ᠤ᠋ ᠵᠠᠬ᠎ᠠ ᠶ᠋ᠢᠨ ᠣᠢᠷ᠎ᠠ ᠪᠢᠲᠡᠭᠡᠢ ᠪᠡᠯᠴᠢᠭᠡᠷᠯᠡ ᠬᠡᠮᠡᠪᠡᠰᠦ ᠪᠢᠳᠡ ᠳᠠᠷᠤᠢ ᠶᠠᠪᠤᠪᠠᠰᠤ ᠪᠠᠷᠠᠪᠠᠢ ‍ᠶ᠎ᠠ᠂ ᠡᠭᠦᠨ ᠳ᠋ᠦ᠍ᠷ ᠮᠥᠨ ᠠᠯᠠᠯᠳᠤᠨ ᠪᠠᠢᠯᠳᠤᠬᠤ ᠬᠡᠷᠡᠭ ᠦᠭᠡᠢ ᠪᠣᠯᠠᠢ᠃ ᠠᠩᠬᠠᠨ ᠤ᠋ ᠬᠡᠳᠦᠨ ᠤᠳᠠᠭ᠎ᠠ ᠢᠷᠡᠭᠰᠡᠨ ᠢᠨᠤ ᠪᠠᠰᠠ ᠴᠤ᠌ ᠴᠡᠷᠢᠭ ᠮᠣᠷᠢᠨ ᠢ᠋ᠶ᠋ᠠᠨ ᠰᠠᠢᠨ ᠤᠰᠤ ᠡᠪᠡᠰᠦᠨ ᠢ᠋ ᠡᠷᠢᠨ ᠪᠡᠯᠴᠢᠭᠡᠷᠯᠡᠭᠰᠡᠨ ᠬᠡᠷᠡᠭ ᠪᠥᠯᠥᠭᠡ᠂ ᠡᠭᠦᠨ ᠳ᠋ᠦ᠍ᠷ ᠴᠦ᠍ ᠲᠠᠨ ᠤ᠋ ᠤᠯᠤᠰ ᠮᠥᠨ ᠡᠨᠡ ᠮᠡᠲᠦ ᠴᠦᠯᠢᠰᠳᠡᠨ ᠰᠠᠮᠠᠭᠤᠷᠠᠵᠤ᠂ ᠥᠪᠡᠷ ᠦ᠋ᠨ ᠬᠦᠴᠦᠨ ᠢ᠋ᠶ᠋ᠡᠨ ᠥᠪᠡᠷ ᠢ᠋ᠶ᠋ᠡᠨ ᠬᠣᠪ ᠬᠣᠭᠣᠰᠣᠭᠠᠷ ᠰᠦᠢᠳᠬᠡᠭᠰᠡᠨ ᠢᠨᠤ ᠶᠠᠭᠤᠲᠠᠢ ᠢᠨᠢᠶᠡᠳᠦᠯᠲᠡᠢ ! 》 ᠬᠡᠮᠡᠬᠦᠢ ᠳ᠋ᠦ᠍ᠷ ᠲᠤᠭᠮᠤᠭ ᠤ᠋ᠨ ᠡᠯᠴᠢ ᠪᠠᠰᠠ ᠥᠭᠦᠯᠡᠷᠦᠨ : 《ᠪᠢᠳᠡᠨ ᠦ᠌ ᠤᠯᠤᠰ ᠬᠠᠷᠠᠬᠠᠨ ᠨᠢᠭᠡᠨ ᠵᠤᠨ ᠥᠩᠭᠡᠷᠡᠭᠡᠳ ᠨᠠᠮᠤᠷ ᠡᠬᠢᠯᠡᠲᠡᠯ᠎ᠡ ᠣᠭᠲᠣ ᠵᠣᠭᠰᠣᠭᠠᠳᠤᠢ ᠪᠠᠷ ᠳᠣᠪᠲᠣᠯᠤᠨ ᠶᠠᠪᠤᠭᠰᠠᠭᠠᠷ ᠪᠤᠶᠤ !》ᠬᠡᠮᠡᠬᠦᠢ ᠳ᠋ᠦ᠍ᠷ ᠮᠤᠬᠤᠯᠢ ᠶᠡᠬᠡᠯ᠎ᠡ ᠢᠨᠢᠶᠡᠵᠦ ᠥᠭᠦᠯᠡᠷᠦᠨ : 《ᠮᠠᠨ ᠤ᠋ ᠬᠣᠢᠲᠤ ᠵᠠᠬ᠎ᠠ ᠳ᠋ᠤᠷ ᠪᠠᠰᠠ ᠴᠡᠷᠢᠭ ᠪᠡᠯᠴᠢᠵᠦ ᠪᠣᠢ᠂ ᠲᠠ ᠡᠳᠦᠭᠡ ᠲᠡᠭᠦᠨ ᠢ᠋ ᠪᠠᠰᠠ ᠶᠠᠭᠤᠨ ᠬᠡᠮᠡᠮᠦᠢ ? ᠲᠠᠨ ᠤ᠋ ᠤᠯᠤᠰ ᠴᠥᠮ ᠵᠠᠮᠤᠬ᠎ᠠ ᠶ᠋ᠢᠨ ᠤᠷᠠᠨ ᠬᠡᠯᠡᠨ ᠳ᠋ᠦ᠍ᠷ ᠮᠡᠬᠡᠯᠡᠭᠳᠡᠵᠦ ᠡᠢᠮᠦ ᠪᠣᠯᠤᠭᠰᠠᠨ ᠪᠣᠯᠠᠢ᠃ ᠪᠢᠳᠡ ᠴᠦ᠍ ᠮᠥᠨ ᠲᠠᠨ ᠤ᠋ ᠤᠯᠤᠰ ᠲᠤᠷ ᠬᠣᠷᠣᠰᠬᠤ ᠦᠭᠡᠢ ᠃ ᠭᠠᠭᠴᠠ ᠭᠡᠷᠡᠢ᠍ᠢᠳ ᠦ᠋ᠨ ᠵᠠᠮᠤᠬ᠎ᠠ ᠳ᠋ᠤᠷ ᠬᠣᠷᠣᠰᠬᠤ ᠪᠣᠯᠠᠢ᠃ ᠵᠢᠴᠢ ᠳ᠋ᠦ᠍ᠷ ᠮᠠᠨ ᠤ᠋ ᠤᠯᠤᠰ ᠨᠢᠳᠤᠨᠤᠨ ᠵᠢᠯ ᠰᠠᠷᠯᠠᠭ ᠤᠯᠤᠰ ᠢ᠋ ᠤᠯᠬᠤᠢ ᠳ᠋ᠤᠷ ᠴᠡᠷᠢᠭ ᠲᠤᠯᠭᠠᠯᠴᠠᠬᠤᠶ᠎ᠠ᠂ ᠲᠠᠨ ᠤ᠋ ᠤᠯᠤᠰ ᠤ᠋ᠨ ᠴᠡᠷᠢᠭ ᠢ᠋ ᠪᠢᠳᠡ ᠪᠠᠰᠠ ᠣᠭᠲᠣ ᠠᠯᠠᠭᠰᠠᠨ ᠦᠭᠡᠢ᠂ ᠶᠠᠭᠤᠨ ᠤ᠋ ᠥᠰᠢᠶ᠎ᠡ ᠪᠣᠢ ? ᠭᠠᠭᠴᠠ ᠣᠯᠤᠭᠰᠠᠨ ᠰᠠᠷᠯᠠᠭ ᠤᠯᠤᠰ ᠤ᠋ᠨ ᠴᠡᠷᠢᠭ ᠮᠣᠷᠢᠨ ᠢ᠋ ᠪᠡᠯᠴᠢᠭᠡᠷᠯᠡᠭᠦᠯᠵᠦ ᠲᠡᠵᠢᠭᠡᠬᠦᠢ ᠳ᠋ᠦ᠍ᠷ ᠶᠠᠭᠤ ᠪᠣᠢ ?  ᠲᠠᠨ ᠤ᠋ ᠡᠵᠡᠨ ᠤᠯᠤᠰ ᠤ᠋ᠨ ᠣᠢᠷ᠎ᠠ ᠪᠠᠨ ᠮᠠᠨ ᠤ᠋ ᠤᠯᠤᠰ ᠢ᠋ ᠪᠢᠲᠡᠭᠡᠢ ᠪᠡᠯᠴᠢ ᠬᠡᠮᠡᠪᠡᠰᠦ ᠪᠢᠳᠡᠨ ᠳᠠᠷᠤᠢ ᠶᠠᠪᠤᠮᠤᠢ  ‍ᠶ᠎ᠠ ᠂ ᠡᠭᠦᠨ ᠳ᠋ᠦ᠍ᠷ ᠶᠠᠮᠪᠠᠷ ᠬᠣᠷᠣᠰᠤᠯ ᠠᠵᠤ ᠠᠯᠠᠯᠳᠤᠨ ᠪᠠᠢᠯᠳᠤᠬᠤ ᠬᠡᠷᠡᠭ ᠪᠣᠢ ! 》 ᠬᠡᠮᠡᠭᠡᠳ ᠢᠷᠡᠭᠰᠡᠨ ᠡᠯᠴᠢ ᠶ᠋ᠢ ᠴᠡᠷᠢᠭ ᠦ᠋ᠨ ᠬᠦᠷᠢᠶ᠎ᠡ ᠪᠡᠨ ᠲᠣᠭᠣᠷᠢᠭᠤᠯᠤᠨ ᠬᠤᠶᠠᠭ ᠵᠡᠪᠰᠡᠭ ᠦᠭᠡᠢ ᠪᠡᠨ ᠴᠥᠮ ᠪᠠᠢᠴᠠᠭᠠᠯᠭᠠᠨ ᠦᠵᠡᠭᠦᠯᠦᠨ ᠬᠦᠨᠳᠦᠳᠡ ᠬᠤᠷᠢᠮᠯᠠᠵᠤ᠂ ᠪᠠᠰᠠ ᠶᠡᠬᠡ ᠱᠠᠩ ᠥᠭᠴᠦ ᠡᠭᠡᠭᠦᠯᠦᠮᠡᠭᠴᠡ ᠮᠥᠨ ᠰᠥᠨᠢ ᠳ᠋ᠦ᠍ᠷ ᠳᠠᠷᠤᠢ ᠬᠦᠷᠢᠶ᠎ᠡ ᠪᠡᠨ ᠡᠪᠳᠡᠵᠦ᠂ ᠠᠯᠠᠭ᠎ᠠ ᠲᠠᠯᠠᠭ᠎ᠠ ᠦᠭᠡᠢ ᠪᠣᠯᠤᠨ ᠡᠴᠢᠪᠡ᠃ 
      ᠳᠣᠭᠮᠣᠭ ᠤ᠋ᠨ ᠡᠯᠴᠢ ᠡᠭᠡᠵᠦ᠂ ᠡᠳᠡᠭᠡᠷ ᠤᠴᠢᠷ ᠢ᠋ ᠨᠠᠷᠢᠪᠴᠢᠯᠠᠨ ᠮᠡᠳᠡᠭᠦᠯᠬᠦᠢ ᠳ᠋ᠦ᠍ᠷ ᠮᠡᠬᠡᠲᠦ ᠬᠠᠭᠠᠨ ᠬᠠᠷᠠᠬᠠᠨ ᠠᠷᠢᠬᠢᠳᠠᠵᠤ ᠪᠠᠢᠬᠤᠶ᠎ᠠ ᠲᠣᠬᠢᠶᠠᠯᠳᠤᠭᠠᠳ ᠡᠳᠡᠭᠡᠷ ᠤᠴᠢᠷ ᠢ᠋ ᠰᠣᠨᠣᠰᠴᠤ ᠶᠡᠬᠡᠯ᠎ᠡ ᠢᠴᠢᠩᠭᠦᠷᠡᠨ ᠠᠭᠤᠷᠯᠠᠵᠤ᠂ ᠴᠡᠷᠢᠭ ᠦ᠋ᠨ ᠬᠦᠴᠦᠨ ᠢ᠋ ᠮᠡᠬᠡᠯᠡᠭᠳᠡᠨ ᠮᠣᠬᠣᠭᠠᠭᠰᠠᠨ ᠠᠭᠤᠷ ᠢ᠋ᠶ᠋ᠠᠨ ᠭᠠᠷᠭᠠᠬᠤ ᠭᠠᠵᠠᠷ ᠣᠯᠬᠤ ᠦᠭᠡᠢ ᠪᠣᠯᠤᠭᠠᠳ ᠬᠡᠳᠦᠨ ᠠᠶᠠᠭ᠎ᠠ ᠠᠷᠠᠵᠠ ᠭᠡᠳᠡᠰᠦᠨ ᠳ᠋ᠦ᠍ᠷ ᠣᠷᠣᠮᠠᠭᠴᠠ ᠠᠪᠤᠷᠢ ᠵᠠᠩ ᠨᠡᠩ ᠳᠣᠭᠰᠢᠷᠠᠵᠤ᠂ ᠪᠣᠷᠣ ᠠᠷᠰᠯᠠᠨ ᠢ᠋ ᠪᠣᠮᠣᠷᠲᠠᠯ᠎ᠠ ᠳᠠᠷᠤᠨ ᠤᠨᠠᠭᠠᠵᠤ᠂ ᠪᠤᠷᠤᠭᠤ ᠵᠥᠪ ᠢ᠋ ᠢᠯᠭᠠᠯ ᠦᠭᠡᠢ ᠪᠡᠷ ᠪᠤᠬᠤᠷ ᠪᠥᠭᠰᠡ ᠶ᠋ᠢ ᠢᠨᠦ ᠪᠣᠭᠣᠮ ᠪᠣᠯᠲᠠᠯ᠎ᠠ ᠳᠥᠴᠢᠨ ᠰᠢᠳᠠᠮ ᠵᠠᠨᠴᠢᠵᠤ ᠴᠢᠷᠦᠨ ᠭᠠᠷᠭᠠᠭᠠᠳ ᠥᠪᠡᠷ ᠦ᠋ᠨ ᠴᠡᠷᠢᠭ ᠢ᠋ᠶ᠋ᠡᠨ ᠠᠪᠴᠤ ᠰᠠᠶᠢ ᠡᠭᠡᠰᠦᠭᠡᠢ ᠬᠡᠮᠡᠲᠡᠯ᠎ᠡ ᠵᠠᠮᠤᠬ᠎ᠠ ᠶ᠋ᠢᠨ ᠲᠡᠨᠳᠡ ᠡᠴᠡ ᠪᠠᠰᠠ ᠬᠥᠮᠦᠨ ᠢᠷᠡᠨ ᠪᠧᠲ᠋ᠠ᠋ ᠤᠯᠤᠰ ᠤ᠋ᠨ ᠴᠡᠷᠢᠭ ᠠᠢᠰᠤᠢ ᠬᠡᠮᠡᠭᠰᠡᠨ ᠳ᠋ᠦ᠍ᠷ ᠮᠡᠬᠡᠲᠦ ᠬᠠᠭᠠᠨ ᠶᠡᠬᠡᠯ᠎ᠡ ᠬᠢᠯᠢᠩᠯᠡᠨ ᠵᠠᠮᠤᠬ᠎ᠠ ᠶ᠋ᠢ ᠬᠠᠷᠢᠶᠠᠨ ᠥᠭᠦᠯᠡᠷᠦᠨ : ᠡᠨᠡ ᠶᠠᠩᠰᠢᠶ᠎ᠠ ᠬᠤᠢᠬᠤᠷ ᠵᠠᠮᠤᠬ᠎ᠠ ᠪᠣᠭᠣᠯ ᠢᠮᠠᠭ᠎ᠠ ᠶ᠋ᠢᠨ ᠢᠰᠢᠭᠡ ᠮᠡᠲᠦ ᠶᠠᠮᠠᠷᠪᠠ ᠪᠠᠨ ᠴᠥᠮ ᠪᠧᠲ᠋ᠠ᠋ ᠤᠯᠤᠰ ᠲᠤᠷ ᠪᠠᠷᠠᠭᠳᠠᠭᠤᠯᠤᠭᠠᠳ ᠶᠠᠭᠤᠨ ᠳ᠋ᠤᠷ ᠬᠠᠷᠢᠨ ᠮᠠᠨ ᠢ᠋ᠶ᠋ᠠᠷ ᠬᠢᠲᠤᠭ᠎ᠠ ᠶ᠋ᠢᠨ ᠦᠵᠦᠭᠦᠷ ᠪᠣᠯᠭᠠᠵᠤ ᠂ ᠮᠠᠨ ᠤ᠋ ᠴᠡᠷᠢᠭ ᠢ᠋ ᠶᠠᠳᠠᠭᠠᠨ ᠮᠣᠬᠣᠭᠠᠪᠠ ? 》ᠬᠡᠮᠡᠭᠡᠳ ᠡᠭᠡᠵᠦ ᠶᠠᠪᠤᠲᠠᠯ᠎ᠠ ᠵᠠᠮ ᠳ᠋ᠤᠷ ᠪᠠᠰᠠ ᠬᠡᠳᠦ ᠬᠡᠳᠦᠨ ᠬᠥᠮᠦᠨ ᠢᠷᠡᠵᠦ ᠮᠡᠳᠡᠭᠦᠯᠦᠷᠦᠨ : 《  ᠪᠧᠲ᠋ᠠ᠋ ᠤᠯᠤᠰ ᠤ᠋ᠨ ᠬᠣᠢᠲᠤ ᠵᠠᠬ᠎ᠠ ᠳ᠋ᠠᠭᠠᠨ ᠪᠡᠯᠴᠢᠬᠦ ᠴᠡᠷᠢᠭ ᠭᠡᠨᠡᠳᠲᠡ ᠮᠠᠨ ᠤ᠋ ᠴᠡᠷᠢᠭ ᠦ᠋ᠨ ᠬᠦᠷᠢᠶ᠎ᠡ ᠶ᠋ᠢ ᠳᠠᠷᠤᠵᠤ᠂ ᠬᠤᠶᠠᠭ ᠳᠤᠭᠤᠯᠠᠭ᠎ᠠ ᠵᠠᠷ ᠵᠡᠪᠰᠡᠭ ᠢ᠋ ᠬᠡᠳᠦ ᠬᠡᠳᠦᠨ ᠲᠡᠷᠭᠡ ᠪᠤᠯᠢᠶᠠᠪᠠ᠃ 》ᠬᠡᠮᠡᠵᠦ ᠮᠡᠳᠡᠭᠦᠯᠦᠭᠰᠡᠨ ᠳ᠋ᠦ᠍ᠷ ᠮᠡᠬᠡᠲᠦ ᠬᠠᠭᠠᠨ ᠶᠡᠬᠡᠯ᠎ᠡ ᠬᠢᠯᠢᠩᠯᠡᠵᠦ᠂ ᠶᠠᠭᠠᠷᠠᠨ ᠳᠣᠪᠲᠣᠯᠤᠨ ᠡᠮᠦᠨ᠎ᠡ ᠴᠡᠷᠢᠭ ᠲᠦ᠍ᠷ ᠬᠦᠷᠴᠦ ᠢᠷᠡᠲᠡᠯ᠎ᠡ ᠪᠧᠲ᠋ᠠ᠋ ᠤᠯᠤᠰ ᠤ᠋ᠨ ᠴᠡᠷᠢᠭ ᠡᠭᠡᠭᠰᠡᠭᠡᠷ ᠬᠠᠭᠠᠰ ᠰᠠᠷ᠎ᠠ ᠰᠢᠬᠠᠮ ᠪᠣᠯᠪᠠ ᠬᠡᠮᠡᠬᠦᠢ ᠳ᠋ᠦ᠍ᠷ ᠮᠡᠬᠡᠲᠦ ᠬᠠᠭᠠᠨ ᠮᠠᠰᠢᠳᠠ ᠲᠡᠨᠴᠢᠭᠦᠷᠡᠨ ᠠᠭᠤᠷᠯᠠᠵᠤ ᠂ ᠵᠠᠮᠤᠬ᠎ᠠ ᠳ᠋ᠤᠷ ᠥᠴᠦᠬᠡᠨ ᠴᠦ᠍ ᠨᠢᠭᠤᠷ ᠥᠭᠭᠦᠭᠰᠡᠨ ᠦᠭᠡᠢ ᠳᠤᠭᠲᠤᠷᠤᠨ ᠰᠡᠭᠰᠦᠷᠴᠦ ᠡᠭᠡᠵᠦ ᠣᠳᠪᠠᠢ᠃ ᠡᠭᠦᠨ ᠳ᠋ᠦ᠍ᠷ ᠵᠠᠮᠤᠬ᠎ᠠ ᠰᠡᠭᠦᠷᠡᠰᠦᠨ ᠠᠯᠳᠠᠵᠤ ᠥᠭᠦᠯᠡᠷᠦᠨ: 《ᠵᠣᠷᠢᠭ ᠦᠭᠡᠢ ᠡᠮᠨᠢᠭ ᠤᠷᠭ᠎ᠠ ᠳ᠋ᠤᠷ ᠣᠷᠣᠬᠤᠶ᠎ᠠ ᠬᠢᠯᠪᠠᠷ ᠂ ᠵᠣᠭᠰᠣᠯ ᠦᠭᠡᠢ ᠳᠣᠪᠲᠣᠯᠪᠠᠴᠤ ᠵᠣᠪᠠᠯᠠᠩ ᠠ᠋ᠴᠠ ᠭᠡᠯᠳᠦᠷᠢᠬᠦᠶ᠎ᠡ ᠪᠡᠷᠬᠡ !》ᠬᠡᠮᠡᠭᠰᠡᠨ ᠳ᠋ᠦ᠍ᠷ ᠬᠠᠵᠠᠭᠤ ᠠ᠋ᠴᠠ ᠭᠠᠯᠵᠠᠭᠤ ᠪᠠᠷᠰ ᠥᠭᠦᠯᠡᠷᠦᠨ:《ᠴᠢᠨᠦ ᠡᠨᠡ ᠦᠭᠡ ᠪᠡᠷ ᠦᠵᠡᠪᠡᠰᠦ ᠴᠢ ᠯᠠᠪ ᠰᠡᠳᠬᠢᠯ ᠤᠢᠳᠴᠤ ᠬᠡᠷᠡᠢᠳ ᠲᠣᠷ ᠢ᠋ᠶ᠋ᠠᠨ ᠬᠠᠷᠢᠰᠤᠭᠠᠢ ᠬᠡᠮᠡᠬᠦ ᠪᠣᠢ ‍ᠶ᠎ᠠ !》ᠵᠠᠮᠤᠬ᠎ᠠ ᠪᠠᠰᠠ ᠰᠡᠭᠦᠷᠡᠰᠦ ᠠᠯᠳᠠᠵᠤ ᠥᠭᠦᠯᠡᠷᠦᠨ :《ᠶᠡᠷᠦ ᠶ᠋ᠢᠨ ᠦᠭᠡᠰ ᠲᠣᠷ ᠲᠣᠭᠰᠢᠨ ᠦᠨᠢᠶ᠎ᠡ ᠶ᠋ᠢᠨ ᠨᠢᠭᠡᠨ ᠤᠳᠠᠭ᠎ᠠ ᠲᠡᠢᠷᠦᠭᠰᠡᠨ ᠢ᠋ᠶ᠋ᠡᠷ ᠲᠤᠤᠰᠢᠨ ᠪᠡᠶ᠎ᠡ ᠶ᠋ᠢᠨ ᠳᠠᠯᠠᠩ ᠢ᠋ ᠢᠨᠤ ᠪᠢᠲᠡᠭᠡᠢ ᠢᠰᠬᠦᠯᠦᠭᠲᠦᠨ ᠬᠡᠮᠡᠵᠦᠬᠦᠢ᠃ ᠲᠠᠨ ᠤ᠋ ᠡᠵᠡᠨ ᠦ᠌ ᠨᠢᠭᠡᠬᠡᠨ ᠴᠠᠭ ᠤ᠋ᠨ ᠮᠠᠭᠤ ᠠᠭᠠᠰᠢ ᠳ᠋ᠤᠷ ᠲᠠᠰᠤᠷᠬᠠᠢ ᠶᠡᠬᠡ ᠴᠡᠷᠢᠭ ᠲᠡᠢᠨ ᠦ᠌ ᠬᠡᠷᠡᠭ ᠢ᠋ ᠶᠠᠭᠠᠬᠢᠨ ᠣᠷᠬᠢᠵᠤ ᠪᠣᠯᠬᠤ ᠪᠣᠢ ! ᠪᠢ ᠪᠠᠰᠠ ᠴᠤ᠌ ᠲᠠᠨ ᠤ᠋ ᠪᠡᠯᠡᠨ ᠬᠦᠴᠦᠨ ᠢ᠋ᠶ᠋ᠡᠷ ᠲᠠᠩᠰᠤᠷᠬᠠᠭ ᠠᠶᠤᠯᠲᠤ ᠲᠡᠮᠦᠵᠢᠨ ᠢ᠋ ᠠᠷᠢᠯᠭᠠᠵᠤ᠂ ᠲᠠᠪᠠ ᠲᠠᠪᠠ ᠪᠠᠷ ᠢ᠋ᠶ᠋ᠠᠨ ᠶᠠᠪᠤᠰᠤᠭᠠᠢ ᠭᠡᠮᠡᠨ ᠰᠠᠨᠠᠬᠤ ᠪᠣᠯᠠᠢ᠂ ᠶᠠᠭᠤᠨ ᠳ᠋ᠤᠷ ᠡᠭᠡᠵᠦ ᠡᠴᠢᠬᠦ ᠠᠵᠢ ! 》 ᠬᠡᠮᠡᠪᠡ ᠃ 
      ᠲᠡᠭᠦᠨᠴᠡ ᠮᠡᠬᠡᠲᠦ ᠬᠠᠭᠠᠨ ᠶᠡᠬᠡ ᠴᠡᠷᠢᠭ ᠢ᠋ᠶ᠋ᠡᠨ ᠠᠪᠴᠤ ᠡᠭᠡᠵᠦ ᠬᠠᠭᠠᠷᠢᠭᠠᠳ ᠥᠪᠡᠷ ᠦ᠋ᠨ ᠰᠠᠭᠤᠬᠤ ᠬᠦᠷᠦ ᠨᠡᠷᠡᠲᠦ ᠬᠣᠲᠠ ᠳ᠋ᠠᠭᠠᠨ ᠣᠷᠣᠵᠤ᠂ ᠳᠣᠲᠣᠭᠠᠳᠤ ᠣᠷᠳᠣᠨ ᠳ᠋ᠠᠭᠠᠨ ᠪᠠᠭᠤᠮᠠᠭᠴᠠ ᠣᠯᠠᠨ ᠬᠠᠲᠤᠳ ᠰᠣᠯᠠᠴᠤᠳ ᠠᠨᠤ ᠪᠦᠭᠦᠳᠡᠭᠡᠷ ᠤᠭᠲᠤᠨ ᠮᠥᠷᠭᠥᠨ᠂ ᠵᠠᠭᠤᠨ ᠵᠦᠢᠯ ᠢ᠋ᠶ᠋ᠡᠷ ᠪᠠᠴᠢᠯᠠᠨ ᠡᠭᠦᠰᠬᠡᠵᠦ᠂ ᠡᠨᠡ ᠢᠨᠦ ᠰᠠᠨᠠᠪᠠ ᠬᠡᠮᠡᠲᠡᠯ᠎ᠡ ᠲᠡᠷᠡ ᠢᠨᠦ ᠮᠥᠷᠥᠭᠡᠳᠪᠡ ᠭᠡᠮᠡᠨ ᠪᠠᠰᠠ ᠨᠢᠭᠡᠨ ᠢᠨᠦ ᠰᠡᠳᠬᠢᠭᠰᠡᠭᠡᠷ ᠡᠪᠡᠳᠴᠢᠲᠡᠢ ᠪᠣᠯᠬᠤ ᠰᠢᠬᠠᠪᠠ ᠬᠡᠮᠡᠲᠡᠯ᠎ᠡ ᠲᠡᠷᠡ ᠢᠨᠦ ᠬᠠᠷᠠᠭᠰᠠᠭᠠᠷ ᠬᠠᠷ᠎ᠠ ᠨᠢᠳᠦ ᠬᠠᠲᠠᠪᠠᠢ ᠬᠡᠮᠡᠵᠦ᠂ ᠨᠥᠭᠥᠭᠡ ᠨᠢᠭᠡᠨ ᠢᠨᠦ ᠭᠠᠷ ᠠ᠋ᠴᠠ ᠪᠠᠨ ᠪᠠᠷᠢᠲᠠᠯ᠎ᠠ ᠨᠢᠭᠡᠨ ᠢᠨᠦ ᠬᠦᠵᠦᠭᠦᠨ ᠡᠴᠡ ᠲᠡᠪᠡᠷᠢᠵᠦ᠂ ᠨᠢᠭᠡᠨ ᠢᠨᠤ ᠡᠪᠦᠳᠦᠭ ᠦ᠋ᠨ ᠳᠡᠭᠡᠷ᠎ᠡ ᠰᠠᠭᠤᠲᠠᠯ᠎ᠠ ᠨᠢᠭᠡᠨ ᠢᠨᠤ ᠬᠥᠯ ᠡᠴᠡ ᠲᠠᠲᠠᠵᠤ ᠁ ᠡᠨᠡ ᠮᠡᠲᠦ ᠳ᠋ᠦ᠍ᠷ ᠮᠡᠬᠡᠲᠦ ᠬᠠᠭᠠᠨ ᠬᠠᠷᠠᠬᠠᠨ ᠨᠢᠭᠡᠨ ᠬᠠᠪᠤᠷ᠂ ᠨᠢᠭᠡ ᠵᠤᠨ ᠳᠣᠪᠲᠣᠯᠵᠤ ᠬᠠᠯᠠᠰᠢᠷᠠᠨ ᠴᠢᠯᠡᠭᠰᠡᠨ ᠦ᠌ ᠲᠤᠯᠠ ᠤᠮᠳᠠᠭᠠᠰᠤᠭᠰᠠᠨ ᠭᠥᠷᠥᠭᠡᠰᠦ ᠶ᠋ᠢ ᠭᠣᠣᠯ ᠳ᠋ᠤᠷ ᠲᠠᠯᠪᠢᠭ᠍ᠰᠠᠨ ᠮᠡᠲᠦ᠂ ᠬᠣᠷᠢᠭᠰᠠᠨ ᠪᠤᠭᠤ ᠠᠵᠢᠷᠭᠠᠨ ᠳ᠋ᠤᠷ ᠭᠠᠷᠬᠤ ᠠᠳᠠᠯᠢ ᠪᠠᠷ ᠲᠥᠷᠥ ᠶ᠋ᠢᠨ ᠬᠡᠷᠡᠭ ᠤᠯᠤᠰ ᠤ᠋ᠨ ᠦᠢᠯᠡ ᠪᠡᠨ ᠨᠢᠭᠡᠮᠦᠰᠦᠨ ᠨᠢᠭᠡᠨ ᠲᠡᠰᠢ ᠣᠷᠬᠢᠵᠤ᠂ ᠣᠯᠠᠨ ᠡᠮᠡᠰ ᠦ᠋ᠨ ᠰᠢᠭᠤᠢ ᠳ᠋ᠤᠷ ᠤᠨᠠᠨ ᠬᠡᠪᠲᠡᠵᠦ᠂ ᠳᠠᠷᠠᠭ᠎ᠠ ᠪᠠᠷ ᠬᠠᠭᠠᠰ ᠰᠠᠷ᠎ᠠ ᠰᠢᠬᠠᠮ ᠠᠷᠢᠬᠢ ᠤᠤᠭᠤᠨ ᠬᠤᠷᠢᠮ ᠬᠤᠷᠢᠮᠯᠠᠵᠤ᠂ ᠬᠥᠭᠵᠢᠮ ᠱᠠᠪᠠᠩ ᠡᠭᠦᠰᠬᠡᠯᠭᠡᠨ ᠵᠢᠷᠭᠠᠨ ᠴᠡᠩᠭᠡᠯᠳᠦᠵᠦ᠂ ᠴᠡᠷᠢᠭ ᠲᠡᠢᠨ ᠦ᠌ ᠶᠠᠮᠪᠠᠷ ᠴᠢᠬᠤᠯᠠ ᠬᠡᠷᠡᠭ ᠢ᠋ ᠴᠥᠮ ᠰᠣᠨᠣᠰᠬᠤ ᠦᠭᠡᠢ ᠪᠣᠯᠵᠤ᠂ ᠡᠬᠡᠨᠡᠷ ᠥᠬᠢᠳ ᠢ᠋ᠶ᠋ᠡᠷ ᠳᠡᠷ᠎ᠡ ᠲᠦᠰᠢᠯᠭᠡ ᠬᠢᠵᠦ᠂ ᠠᠮᠢᠳᠤ ᠮᠢᠬᠠᠨ ᠰᠢᠭᠤᠢ ᠳ᠋ᠤᠷ ᠰᠣᠭᠲᠣᠭᠤᠷᠠᠨ ᠤᠨᠠᠨ ᠬᠡᠪᠲᠡᠪᠡᠢ᠃ ᠡᠨᠡ ᠦᠨᠡᠬᠡᠷ 
           ᠡᠷᠬᠡ ᠠᠭ᠍ᠴᠢᠳ ᠡᠷᠳᠡᠮ ᠦᠭᠡᠢ ᠡᠬᠡᠨᠡᠷ ᠲᠣᠷ ᠡᠨᠳᠡᠭᠴᠢᠳ ᠣᠯᠠᠨ 
           ᠡᠪᠯᠡᠨ ᠴᠢᠳᠠᠭᠴᠢᠳ ᠡᠷᠭᠦᠮᠵᠢ ᠦᠭᠡᠢ ᠡᠷᠬᠢᠮ ᠳ᠋ᠦ᠍ᠷ ᠳᠠᠪᠰᠢᠭᠴᠢᠳ ᠴᠥᠭᠡᠨ ᠃ 
      ᠲᠡᠨᠳᠡᠴᠡ ᠣᠳᠣ ᠥᠭᠦᠯᠡᠬᠦ ᠢᠨᠤ ᠂  ᠪᠧᠲ᠋ᠠ᠋ ᠤᠯᠤᠰ ᠤ᠋ᠨ ᠬᠣᠢᠲᠤ ᠵᠠᠬ᠎ᠠ ᠳ᠋ᠤᠷ ᠪᠣᠯᠪᠠᠰᠤᠷᠠᠭᠤᠯᠤᠨ ᠪᠡᠯᠴᠢᠬᠦ ᠵᠣᠴᠢ ᠂ ᠴᠠᠭᠠᠲᠠᠢ ᠠᠬ᠎ᠠ ᠳᠡᠭᠦᠦ  ᠬᠣᠶᠠᠭᠤᠯᠠ ᠶ᠋ᠢᠨ ᠶᠡᠬᠡ ᠴᠡᠷᠢᠭ ᠲᠤᠭᠮᠤᠭ ᠤᠯᠤᠰ ᠤ᠋ᠨ ᠴᠡᠷᠢᠭ ᠢ᠋ ᠦᠢᠮᠡᠭᠡᠨ ᠵᠦᠳᠡᠷᠡᠭᠦᠯᠵᠦ᠂ ᠨᠠᠮᠤᠷ ᠤ᠋ᠨ ᠲᠡᠷᠢᠭᠦᠨ ᠰᠠᠷ᠎ᠠ ᠪᠣᠯᠵᠤ ᠴᠡᠷᠢᠭ ᠦ᠋ᠨ ᠮᠣᠷᠢᠳ ᠮᠠᠰᠢ ᠲᠠᠷᠭᠤᠯᠠᠵᠤ᠂ ᠴᠡᠷᠢᠭ ᠬᠤᠶᠠᠭ ᠤ᠋ᠳ ᠴᠤ᠌ ᠨᠢᠭᠡᠨᠲᠡ ᠪᠣᠯᠪᠠᠰᠤᠷᠠᠭᠠᠳ ᠬᠠᠷᠠᠬᠠᠨ ᠬᠡᠳᠦᠨ ᠤᠳᠠᠭ᠎ᠠ ᠢᠷᠡᠵᠦ ᠡᠴᠢᠭᠡᠳ ᠲᠤᠭᠮᠤᠭ ᠤ᠋ᠨ ᠴᠡᠷᠢᠭ ᠣᠰᠣᠯ ᠰᠤᠯᠠ ᠪᠣᠯᠤᠭᠰᠠᠨ᠎ᠠ᠂ ᠭᠡᠨᠡᠳᠲᠡ ᠪᠠᠷᠠᠭᠤᠨ ᠰᠠᠷᠯᠠᠭ ᠠ᠋ᠴᠠ ᠡᠯᠴᠢ ᠢᠷᠡᠵᠦ ᠵᠣᠴᠢ ᠂ ᠴᠠᠭᠠᠲᠠᠢ ᠨᠠᠷ ᠲᠤᠷ ᠮᠥᠷᠭᠥᠨ ᠵᠣᠯᠭᠠᠵᠤ ᠂ ᠵᠢᠨᠦᠩ ᠮᠤᠬᠤᠯᠢ ᠶ᠋ᠢᠨ ᠪᠡᠯᠡᠭ ᠢ᠋ ᠪᠠᠷᠢᠭ᠍ᠰᠠᠨ ᠳ᠋ᠤᠷ ᠠᠪᠴᠤ ᠦᠵᠡᠪᠡᠰᠦ ᠨᠢᠭᠡᠨ ᠤᠯᠠᠪᠴᠢ ᠲᠡᠮᠦᠷ ᠦᠭᠡᠢ᠂ ᠭᠠᠭᠴᠠ ᠬᠣᠭᠣᠰᠣᠨ ᠮᠠᠰᠢ ᠶᠡᠬᠡ ᠬᠡᠲᠡ ᠶ᠋ᠢ ᠢᠯᠡᠭᠡᠵᠦᠬᠦᠢ ᠃ ᠨᠡᠭᠡᠭᠡᠵᠦ ᠦᠵᠡᠪᠡᠰᠦ ᠂ ᠬᠡᠲᠡ ᠶ᠋ᠢᠨ ᠲᠡᠮᠦᠷ ᠪᠠ ᠴᠠᠬᠢᠭᠤᠷ ᠢ᠋ ᠴᠥᠮ ᠳᠣᠲᠣᠷ᠎ᠠ ᠠᠨᠤ ᠬᠢᠵᠦᠬᠦᠢ᠃ ᠡᠭᠦᠨ ᠳ᠋ᠦ᠍ᠷ ᠵᠣᠴᠢ ᠂ ᠴᠠᠭᠠᠲᠠᠢ ᠬᠣᠶᠠᠭᠤᠯᠠ ᠪᠢᠴᠢᠭ ᠴᠡᠷᠢᠭ ᠦ᠋ᠨ ᠬᠣᠶᠠᠷ  ᠪᠠᠭᠰᠢ ᠵᠠᠮᠪᠠᠯ ᠂ ᠲᠣᠭᠲᠣᠩᠭᠣ᠌ ᠪᠠ ᠨᠥᠬᠥᠳ ᠪᠠᠭᠠᠲᠤᠳ ᠢ᠋ᠶ᠋ᠠᠨ ᠴᠢᠭᠤᠯᠤᠭᠤᠯᠤᠨ᠂ ᠵᠢᠨᠦᠩ ᠦ᠋ᠨ ᠡᠭᠦᠨ ᠢ᠋ ᠢᠯᠡᠭᠡᠭᠰᠡᠨ ᠰᠠᠨᠠᠭᠠᠨ ᠢ᠋ ᠠᠰᠠᠭᠤᠪᠠᠰᠤ ᠵᠠᠮᠪᠠᠯ ᠥᠭᠦᠯᠡᠷᠦᠨ : 《ᠡᠨᠡ ᠯᠠᠪ ᠪᠢᠳᠡᠨ ᠦ᠌ ᠴᠡᠷᠢᠭ ᠬᠡᠳᠦᠨ ᠤᠳᠠᠭ᠎ᠠ ᠲᠤᠭᠮᠤᠭ ᠤ᠋ᠨ ᠵᠠᠬ᠎ᠠ ᠬᠦᠷᠦᠭᠡᠳ ᠡᠰᠡ ᠪᠠᠢᠯᠳᠤᠭᠰᠠᠨ ᠲᠤᠯᠠ ᠲᠡᠳᠡ ᠯᠠᠪ ᠪᠢᠳᠡᠨ ᠢ᠋ ᠲᠡᠮᠦᠷ ᠦᠭᠡᠢ ᠬᠡᠲᠡ ᠪᠡᠷ ᠮᠡᠳᠡᠪᠡ᠂ ᠲᠡᠢᠨ ᠬᠦ᠌ ᠬᠡᠲᠡ ᠲᠡᠮᠦᠷ ᠪᠠ ᠴᠠᠬᠢᠭᠤᠷ ᠢ᠋ ᠳᠣᠲᠣᠷ᠎ᠠ ᠠᠨᠤ ᠬᠠᠮᠲᠤ ᠪᠠᠷ ᠬᠢᠭᠰᠡᠨ ᠢᠨᠤ ᠮᠠᠨ ᠢ᠋ ᠭᠠᠯ ᠦᠭᠡᠢ ᠭᠡᠮᠡᠨ ᠪᠣᠳᠣᠵᠤ ᠪᠠᠢᠲᠠᠯ᠎ᠠ ᠭᠡᠨᠡᠳᠲᠡ ᠭᠠᠯ ᠭᠠᠷᠴᠤ ᠢᠷᠡᠭᠦᠯ ᠬᠡᠮᠡᠭᠰᠡᠨ ᠰᠠᠨᠠᠭᠠᠨ᠂ ᠯᠠᠪ ᠪᠢᠳᠡᠨ ᠢ᠋ ᠳᠣᠭᠮᠣᠭ ᠤ᠋ᠨ ᠣᠰᠣᠯ ᠰᠤᠯᠠ ᠰᠡᠷᠡᠮᠵᠢ ᠦᠭᠡᠢ ᠪᠣᠯᠤᠭᠰᠠᠨ ᠦᠶ᠎ᠡ ᠳ᠋ᠦ᠍ᠷ ᠭᠡᠨᠡᠳᠲᠡ ᠣᠷᠣᠵᠤ ᠂ ᠨᠢᠭᠡᠨ ᠤᠳᠠᠭ᠎ᠠ ᠪᠠᠢᠯᠳᠤᠵᠤ ᠦᠵᠡ ᠬᠡᠮᠡᠵᠦᠬᠦᠢ᠃ 》ᠬᠡᠮᠡᠭᠡᠳ ᠳᠠᠷᠤᠢ ᠨᠢᠭᠡᠨ ᠰᠥᠨᠢ ᠳᠣᠪᠲᠣᠯᠤᠨ ᠣᠷᠣᠵᠤ᠂ ᠵᠠᠮᠤᠬ᠎ᠠ ᠶ᠋ᠢᠨ ᠬᠦᠷᠢᠶ᠎ᠡ ᠶ᠋ᠢ ᠨᠢᠭᠡᠨ ᠤᠳᠠᠭ᠎ᠠ ᠳᠠᠷᠤᠵᠤ ᠶᠡᠬᠡᠯ᠎ᠡ ᠣᠯᠵᠠᠯᠠᠨ ᠡᠭᠡᠭᠡᠳ ᠵᠢᠨᠦᠩ ᠦ᠋ᠨ ᠡᠯᠴᠢ ᠳ᠋ᠦ᠍ᠷ ᠬᠦᠨᠳᠦᠳᠡ ᠱᠠᠩᠨᠠᠨ ᠡᠭᠡᠭᠦᠯᠦᠭᠰᠡᠨ᠎ᠡ ᠵᠢᠨᠦᠩ ᠮᠤᠬᠤᠯᠢ ᠰᠣᠨᠣᠰᠴᠤ ᠶᠡᠬᠡᠯ᠎ᠡ ᠪᠠᠶᠠᠷᠯᠠᠨ ᠪᠤᠰᠤ ᠭᠤᠷᠪᠠᠨ ᠬᠦᠯᠦᠭ ᠦ᠋ᠨ ᠵᠦᠭ ᠥᠭᠦᠯᠡᠷᠦᠨ : 《 ᠪᠠᠭ᠎ᠠ ᠡᠵᠡᠳ ᠦ᠋ᠨ ᠡᠨᠡ ᠮᠡᠲᠦ ᠳ᠋ᠦ᠍ᠷ ᠬᠣᠢᠴᠢ ᠡᠳᠦᠷ ᠦ᠋ᠨ ᠲᠥᠯᠥᠭᠡ ᠶᠠᠭᠤᠨ ᠵᠣᠪᠠᠨᠢᠬᠤ ᠭᠠᠵᠠᠷ ᠪᠣᠢ ? 》ᠬᠡᠮᠡᠪᠡ ᠃  
      ᠲᠡᠨᠳᠡᠴᠡ ᠨᠠᠮᠤᠷ ᠤ᠋ᠨ ᠳᠤᠮᠳᠠᠳᠤ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠪᠣᠯᠵᠣᠭᠠᠲᠤ ᠡᠳᠦᠷ ᠲᠣᠷ ᠲᠠᠢᠽᠦ ᠪᠦᠬᠦ ᠪᠡᠯᠭᠦᠳᠡᠢ ᠂ ᠬᠠᠪᠤᠲᠤ ᠬᠠᠰᠠᠷ ᠂ ᠵᠠᠯᠮ᠎ᠠ ᠂ ᠵᠡᠪᠡ ᠂ ᠰᠢᠷᠢ ᠬᠤᠲᠤᠭ ᠂ ᠬᠠᠷ᠎ᠠ ᠬᠢᠷᠤ ᠂ ᠴᠤᠤ ᠮᠡᠷᠭᠡᠨ ᠂ ᠬᠤᠷᠴᠠ ᠪᠠᠢᠷᠢ ᠵᠢᠴᠢ ᠰᠢᠳᠠᠷ ᠰᠠᠢᠳ ᠥᠨᠳᠥᠷ ᠰᠡᠴᠡᠨ ᠂ ᠦᠨᠡᠨ ᠲᠥᠷᠥ ᠂ ᠣᠶᠤᠲᠤ ᠰᠡᠴᠡᠨ ᠂ ᠣᠶᠤᠨ ᠭᠤᠸ᠎ᠠ ᠂ ᠰᠠᠢᠬᠠᠨ ᠰᠤᠷᠲᠠᠯᠲᠤ ᠂  ᠲᠡᠭᠦᠰᠴᠤᠭᠲᠤ ᠂ ᠦᠯᠬᠦ ᠰᠠᠢᠳ ᠂ ᠪᠠᠶᠠᠨ ᠬᠢᠶ᠎ᠡ ᠂ ᠪᠢᠴᠢᠭ ᠴᠡᠷᠢᠭ ᠦ᠋ᠨ ᠠᠷᠪᠠᠨ ᠵᠢᠷᠭᠤᠭᠠᠨ ᠲᠦᠰᠢᠮᠡᠳ ᠵᠠᠩᠵᠤᠨ ᠢ᠋ᠶ᠋ᠠᠨ ᠠᠪᠴᠤ ᠲᠤᠭᠮᠤᠭ ᠤᠯᠤᠰ ᠤ᠋ᠨ ᠵᠦᠭ ᠮᠣᠷᠳᠠᠪᠠ᠃ ᠤᠯᠤᠰ ᠢ᠋ ᠲᠣᠷᠭᠠᠨ ᠰᠢᠷ᠎ᠠ ᠲᠡᠷᠢᠭᠦᠯᠡᠨ ᠨᠠᠭᠠᠴᠤ ᠨᠣᠶᠠᠨ ᠂ ᠬᠤᠳᠠᠷᠭ᠎ᠠ ᠪᠠᠭᠠᠲᠤᠷ ᠂ ᠬᠦᠷᠭᠡᠨ ᠨᠣᠶᠠᠨ  ᠪᠤᠲ᠋ᠤ ᠨᠠᠷ ᠢ᠋ ᠠᠪᠴᠤ ᠰᠠᠬᠢᠭᠠᠳ ᠭᠠᠳᠠᠨ᠎ᠠ ᠠ᠋ᠴᠠ ᠰᠣᠯᠣᠩᠭᠣᠰ ᠤ᠋ᠨ ᠪᠤᠬ᠎ᠠ ᠴᠠᠭᠠᠨ ᠬᠠᠨ ᠂ ᠵᠢᠴᠢ ᠸᠠᠩᠴᠤᠭ ᠨᠠᠷ ᠢ᠋ᠶ᠋ᠠᠷ ᠬᠢᠵᠠᠭᠠᠷ ᠢ᠋ ᠰᠡᠷᠭᠡᠢᠯᠡᠭᠦᠯᠦᠨ ᠂ ᠵᠠᠪᠰᠠᠷ ᠲᠤᠷ ᠮᠠᠩᠨᠣᠭᠲᠤ ᠢᠷᠥᠬᠡᠷ ᠥᠭᠡᠳᠡ ᠤᠷᠤᠭᠤ ᠴᠠᠭᠳᠠᠨ ᠪᠠᠢᠴᠠᠭᠠᠪᠠ᠃ 
      ᠲᠡᠭᠦᠨᠴᠡ ᠬᠣᠢᠲᠤ ᠵᠠᠬ᠎ᠠ ᠶ᠋ᠢᠨ ᠰᠢᠨ᠎ᠡ ᠰᠤᠷᠭᠠᠭᠰᠠᠨ ᠴᠡᠷᠢᠭ ᠦ᠋ᠨ ᠡᠵᠡᠨ ᠵᠣᠴᠢ ᠂ ᠴᠠᠭᠠᠲᠠᠢ ᠨᠠᠷ ᠮᠡᠳᠡᠭᠡ ᠣᠯᠵᠤ᠂ ᠪᠠᠭᠰᠢ ᠠᠨᠳᠠ ᠂ ᠪᠠᠭᠠᠲᠤᠳ ᠵᠠᠩᠵᠤᠨ ᠨᠤᠭᠤᠳ ᠢ᠋ᠶ᠋ᠠᠨ ᠠᠪᠴᠤ ᠲᠠᠢᠽᠦ ᠶ᠋ᠢ ᠮᠥᠷᠭᠥᠨ ᠤᠭᠲᠤᠵᠤ᠂ ᠶᠡᠬᠡ ᠬᠦᠷᠢᠶ᠎ᠡ ᠪᠠᠭᠤᠭᠠᠳ ᠭᠤᠷᠪᠠᠨ ᠬᠦᠷᠢᠶ᠎ᠡ ᠰᠠᠯᠭᠠᠵᠤ᠂ ᠳᠤᠮᠳᠠᠳᠤ ᠴᠡᠷᠢᠭ ᠢ᠋ ᠲᠠᠢᠽᠦ ᠂  ᠵᠡᠯᠮ᠎ᠡ ᠂ ᠵᠡᠪᠡ ᠨᠠᠷ ᠢ᠋ ᠠᠪᠴᠤ ᠵᠠᠬᠢᠷᠤᠭᠠᠳ ᠪᠠᠷᠠᠭᠤᠨ ᠡᠲᠡᠭᠡᠳ ᠦ᠋ᠨ ᠴᠡᠷᠢᠭ ᠢ᠋ ᠪᠦᠬᠦ ᠪᠡᠯᠭᠦᠳᠡᠢ ᠂ ᠵᠣᠴᠢ ᠠᠴᠢ ᠠᠪᠠᠭ᠎ᠠ ᠬᠣᠶᠠᠭᠤᠯᠠ ᠵᠠᠮᠪᠠᠯ ᠂ ᠰᠥᠪᠡᠭᠡᠲᠡᠢ ᠬᠣᠶᠠᠷ ᠢ᠋ ᠠᠪᠴᠤ ᠵᠠᠬᠢᠷᠤᠭᠠᠳ ᠶᠠᠪᠠᠭᠠᠨ ᠪᠠᠭᠤᠳᠠᠯ ᠢ᠋ᠶ᠋ᠠᠷ ᠳᠣᠪᠲᠣᠯᠤᠨ ᠣᠷᠣᠬᠤ ᠪᠠᠷ ᠪᠡᠯᠡᠳᠬᠡᠪᠡ᠃ 
      ᠲᠡᠳᠦᠢ ᠲᠠᠢᠽᠦ ᠬᠣᠢᠲᠤ ᠥᠯᠥᠩ ᠮᠥᠷᠡᠨ ᠦ᠌ ᠬᠥᠪᠡᠭᠡ ᠳ᠋ᠦ᠍ᠷ ᠰᠢᠨ᠎ᠡ ᠴᠡᠷᠢᠭ ᠢ᠋ᠶ᠋ᠡᠨ ᠪᠠᠢᠴᠠᠭᠠᠨ ᠦᠵᠡᠪᠡᠰᠦ ᠂ ᠮᠣᠷᠢ ᠲᠠᠷᠭᠤᠨ ᠂ ᠨᠤᠮᠤ ᠬᠠᠲᠠᠭᠤ ᠂ ᠴᠡᠷᠢᠭ ᠬᠠᠳᠠᠨ ᠂ ᠵᠠᠩᠵᠤᠨ ᠪᠠᠭᠠᠲᠤᠷ ᠂ ᠡᠭᠡᠬᠦ ᠣᠷᠣᠬᠤ ᠂ ᠤᠷᠪᠠᠬᠤ ᠬᠥᠷᠪᠡᠬᠦ  ᠢᠨᠤ ᠦᠨᠡᠬᠡᠷ ᠱᠣᠩᠬᠣᠷ ᠰᠢᠪᠠᠭᠤ ᠶ᠋ᠢᠨ ᠪᠤᠴᠠᠬᠤ ᠪᠤᠯᠭᠢᠬᠤ ᠮᠡᠲᠦ ᠬᠤᠷᠴᠠ ᠲᠦᠷᠭᠡᠨ ᠲᠤᠯᠠ ᠪᠡᠶᠡᠰᠦᠨ ᠰᠠᠢᠰᠢᠶᠠᠵᠤ ᠂ ᠪᠠᠭᠰᠢ ᠰᠡᠯᠲᠡ ᠡᠴᠡ ᠢᠨᠤ ᠲᠡᠷᠢᠭᠦᠯᠡᠵᠦ ᠂ ᠵᠣᠴᠢ ᠂ ᠴᠠᠭᠠᠲᠠᠢ ᠪᠠ ᠨᠥᠬᠥᠳ ᠪᠠᠭᠠᠲᠤᠳ ᠂ ᠵᠠᠩᠵᠤᠨ ᠴᠡᠷᠢᠭ ᠲᠦ᠍ᠷ ᠬᠦᠷᠲᠡᠯ᠎ᠡ ᠬᠤᠷᠢᠮ ᠬᠠᠢᠷᠠᠯᠠᠨ ᠱᠠᠩ ᠬᠦᠷᠲᠡᠭᠡᠵᠦ ᠬᠥᠬᠢᠭᠦᠯᠪᠡ᠃ 
      ᠵᠢᠴᠢ ᠪᠠᠷᠠᠭᠤᠨ ᠤᠯᠤᠰ ᠰᠠᠷᠯᠠᠭ ᠤᠯᠤᠰ ᠲᠤᠷ ᠰᠤᠷᠭᠠᠭᠰᠠᠨ ᠮᠤᠬᠤᠯᠢ ᠶ᠋ᠢᠨ ᠴᠡᠷᠢᠭ ᠦ᠋ᠳ ᠢᠨᠦ ᠂ ᠮᠣᠷᠢᠨ ᠠᠨᠤ ᠥᠨᠳᠡᠭᠡ ᠮᠡᠲᠦ ᠲᠠᠷᠭᠤᠯᠠᠵᠤ ᠂ ᠬᠥᠮᠦᠨ ᠢᠨᠦ ᠪᠠᠷᠰ ᠠᠳᠠᠯᠢ ᠰᠤᠷᠴᠤᠬᠤᠢ᠃ ᠲᠤᠭ ᠬᠢᠭᠢᠷᠢ ᠶ᠋ᠢᠨ ᠲᠡᠮᠳᠡᠭ ᠢ᠋ ᠳᠠᠭᠠᠬᠤ᠂ ᠬᠡᠩᠭᠡᠷᠭᠡ ᠪᠦᠷᠢᠶ᠎ᠡ ᠶ᠋ᠢᠨ ᠳᠣᠬᠢᠶ᠎ᠠ ᠶ᠋ᠢ ᠮᠥᠷᠳᠡᠬᠦ ᠢᠨᠦ ᠦᠨᠡᠬᠡᠷ ᠰᠠᠯᠬᠢᠨ ᠭᠠᠯ ᠮᠡᠲᠦ ᠂ ᠱᠠᠯᠠᠮᠠᠭᠠᠢ ᠬᠤᠷᠳᠤᠨ ᠰᠣᠷᠭᠣᠭ ᠂ ᠭᠠᠭᠴᠠ ᠴᠡᠷᠢᠭ ᠦ᠋ᠨ ᠲᠤᠭ ᠤ᠋ᠨ ᠳᠠᠯᠠᠯᠤᠨ ᠣᠷᠣᠬᠤ ᠶ᠋ᠢ ᠬᠦᠯᠢᠶᠡᠵᠦ ᠂ ᠪᠦᠭᠦᠳᠡᠭᠡᠷ ᠰᠢᠯᠭᠦᠭᠳᠡᠨ ᠶᠠᠭᠠᠷᠠᠵᠤ ᠂ ᠭᠠᠷ ᠬᠥᠯ ᠪᠦᠵᠢᠭᠴᠡᠮᠦᠢ᠃ ᠡᠨᠡ ᠦᠶ᠎ᠡ ᠳ᠋ᠦ᠍ᠷ ᠲᠤᠭᠮᠤᠭ ᠤᠯᠤᠰ ᠤ᠋ᠨ ᠴᠡᠷᠢᠭ ᠨᠢᠭᠡᠨ ᠬᠠᠪᠤᠷ ᠂ ᠨᠢᠭᠡᠨ ᠵᠤᠨ ᠥᠴᠦᠬᠡᠨ ᠴᠦ᠍ ᠠᠮᠤᠭᠰᠠᠨ ᠦᠭᠡᠢ ᠥᠭᠡᠳᠡ ᠤᠷᠤᠭᠤ ᠳᠣᠪᠲᠣᠯᠤᠭᠰᠠᠭᠠᠷ ᠮᠣᠷᠢᠳ ᠤ᠋ᠨ ᠪᠥᠭᠰᠡ ᠰᠠᠭᠠᠭ ᠮᠡᠲᠦ ᠪᠣᠯᠵᠤ᠂ ᠬᠥᠮᠦᠨ ᠦ᠌ ᠨᠢᠳᠦ ᠲᠡᠷᠭᠡᠨ ᠦ᠌ ᠬᠤᠩᠬ᠎ᠠ ᠠᠳᠠᠯᠢ ᠬᠥᠩᠭᠢᠭᠡᠳ ᠵᠣᠷᠢᠭ ᠰᠤᠯᠠᠷᠠᠵᠤ᠂ ᠰᠠᠨᠠᠭᠠᠨ ᠴᠢᠯᠡᠪᠡᠢ᠃ 
      ᠲᠡᠭᠦᠨᠴᠡ ᠲᠠᠢᠽᠦ ᠰᠢᠨ᠎ᠡ ᠰᠤᠷᠭᠠᠭᠰᠠᠨ ᠴᠡᠷᠢᠭ ᠪᠠ ᠬᠠᠭᠤᠴᠢᠨ ᠰᠢᠯᠭᠠᠭᠰᠠᠨ ᠬᠤᠶᠠᠭ ᠤ᠋ᠳ ᠲᠠᠢ ᠨᠡᠢᠲᠡ ᠵᠢᠷᠭᠤᠭᠠᠨ ᠲᠦᠮᠡᠨ ᠴᠡᠷᠢᠭ ᠢ᠋ ᠠᠪᠴᠤ ᠭᠤᠷᠪᠠᠨ ᠠᠩᠭᠢ ᠪᠠᠷ  ᠲᠤᠭᠮᠤᠭ ᠤᠯᠤᠰ ᠤ᠋ᠨ ᠵᠠᠬ᠎ᠠ ᠳ᠋ᠤᠷ ᠭᠡᠨᠡᠳᠲᠡ ᠳᠣᠪᠲᠣᠯᠤᠨ ᠣᠷᠣᠵᠤ᠂ ᠲᠤᠭᠮᠤᠭ ᠤ᠋ᠨ ᠡᠮᠦᠨᠡᠲᠦ ᠶᠡᠬᠡ ᠬᠥᠨᠳᠡᠯᠡᠨ ᠠᠭᠤᠯᠠᠨ ᠢ᠋ ᠬᠦᠳᠡᠭᠡᠰᠦᠨ ᠣᠷᠣᠬᠤᠶ᠎ᠠ᠂ ᠲᠤᠭᠮᠤᠭ ᠤ᠋ᠨ ᠲᠠᠪᠤᠨ ᠲᠦᠮᠡᠨ ᠦ᠌ ᠬᠠᠷᠠᠭᠤᠯ ᠴᠡᠷᠢᠭ ᠶᠡᠬᠡᠯ᠎ᠡ ᠰᠣᠴᠢᠵᠤ᠂ ᠵᠠᠮᠤᠬ᠎ᠠ ᠂ ᠰᠣᠭᠲᠣᠭᠤ ᠯᠤᠤ ᠂ ᠭᠠᠯᠵᠠᠭᠤ ᠪᠠᠷᠰ ᠭᠤᠷᠪᠠᠭᠤᠯᠠ ᠴᠡᠷᠢᠭ ᠢ᠋ᠶ᠋ᠡᠨ ᠮᠥᠨ ᠬᠦ᠌ ᠭᠤᠷᠪᠠᠨ ᠠᠩᠭᠢ ᠲᠡᠭᠰᠢᠯᠡᠵᠦ᠂ ᠵᠠᠮᠤᠬ᠎ᠠ ᠳᠤᠮᠳᠠᠳᠤ ᠴᠡᠷᠢᠭ ᠢ᠋ ᠠᠪᠴᠤ ᠲᠠᠢᠽᠦ ᠶ᠋ᠢ ᠲᠤᠯᠪᠠ᠃ ᠰᠣᠭᠲᠣᠭᠤ ᠯᠤᠤ ᠪᠠᠷᠠᠭᠤᠨ ᠠᠩᠭᠢ ᠶ᠋ᠢ ᠠᠪᠴᠤ ᠪᠡᠯᠭᠦᠳᠡᠢ ᠶ᠋ᠢ ᠲᠤᠯᠪᠠ ᠃ ᠭᠠᠯᠵᠠᠭᠤ ᠪᠠᠷᠰ ᠵᠡᠭᠦᠨ ᠠᠩᠭᠢ ᠶ᠋ᠢ ᠠᠪᠴᠤ ᠬᠠᠰᠠᠷ ᠢ᠋ ᠲᠤᠯᠪᠠ ᠃ 
      ᠲᠡᠳᠦᠢ ᠲᠠᠢᠽᠦ ᠶ᠋ᠢᠨ ᠬᠦᠷᠢᠶᠡᠨ ᠦ᠌ ᠡᠮᠦᠨ᠎ᠡ ᠵᠠᠮᠤᠬ᠎ᠠ ᠢᠷᠡᠵᠦ ᠮᠠᠭᠤ ᠦᠭᠡ ᠪᠡᠷ ᠬᠠᠷᠢᠶᠠᠭᠰᠠᠨ ᠳ᠋ᠤᠷ ᠲᠠᠢᠽᠦ ᠵᠠᠮᠤᠬ᠎ᠠ ᠶ᠋ᠢ ᠦᠵᠡᠮᠡᠭᠴᠡ ᠶᠡᠬᠡᠯ᠎ᠡ ᠬᠢᠯᠢᠩᠯᠡᠵᠦ᠂ ᠶᠡᠬᠡ ᠦᠬᠡᠷ ᠫᠤᠤ ᠶ᠋ᠢ ᠨᠢᠭᠡᠨᠲᠡ ᠲᠠᠯᠪᠢᠭᠤᠯᠵᠤ᠂ ᠥᠪᠡᠷ ᠢ᠋ᠶ᠋ᠡᠨ ᠶᠡᠬᠡ ᠬᠡᠩᠭᠡᠷᠭᠡ ᠳᠡᠯᠡᠳᠴᠦ ᠭᠤᠷᠪᠠᠨ ᠠᠩᠭᠢ ᠬᠠᠮᠲᠤ ᠪᠠᠷ ᠣᠷᠣᠵᠤ ᠴᠣᠬᠢᠨ ᠪᠠᠢᠯᠳᠤᠵᠤ ᠂ ᠯᠤᠤ ᠴᠠᠭ ᠠ᠋ᠴᠠ ᠮᠣᠷᠢᠨ ᠴᠠᠭ ᠪᠣᠯᠲᠠᠯ᠎ᠠ ᠵᠡᠪᠰᠡᠭ ᠠᠭᠤᠯᠵᠠᠭᠤᠯᠤᠨ ᠲᠡᠮᠡᠴᠡᠵᠦ ᠲᠤᠭᠮᠤᠭ ᠤ᠋ᠨ ᠴᠡᠷᠢᠭ ᠳᠠᠷᠤᠭᠳᠠᠨ᠂ ᠤᠯᠠᠮ ᠤᠯᠠᠮ ᠲᠤᠯᠤᠨ ᠴᠢᠳᠠᠬᠤ ᠦᠭᠡᠢ ᠤᠬᠤᠷᠢᠨ ᠡᠭᠦᠰᠬᠡᠪᠡ᠃ ᠪᠧᠲ᠋ᠠ᠋ ᠤᠯᠤᠰ ᠤ᠋ᠨ ᠪᠣᠯᠣᠳ ᠬᠦᠴᠦᠲᠦ ᠴᠡᠷᠢᠭ ᠬᠡᠮᠡᠭᠴᠢ ᠨᠢᠭᠡᠨ ᠬᠠᠭᠠᠯᠭ᠎ᠠ ᠳ᠋ᠤᠷ ᠭᠤᠷᠪᠠᠨ ᠬᠥᠮᠦᠨ ᠢᠳᠡᠬᠦ ᠤᠤᠭᠤᠬᠤ᠂ ᠤᠮᠳᠠᠬᠤ ᠠᠮᠠᠷᠠᠬᠤ ᠴᠢᠯᠥᠭᠡ ᠲᠡᠢ ᠪᠡᠷ ᠪᠣᠯᠪᠠᠰᠤᠷᠠᠭᠤᠯᠤᠨ ᠲᠣᠭᠲᠠᠭᠰᠠᠨ ᠪᠥᠭᠡᠳ ᠬᠥᠮᠦᠨ ᠬᠦᠴᠦᠲᠡᠢ ᠂ ᠮᠣᠷᠢ  ᠳᠠᠳᠮᠠᠭᠠᠢ ᠂ ᠬᠤᠶᠠᠭ ᠨᠢᠭᠲᠠ ᠂ ᠵᠡᠪᠰᠡᠭ ᠬᠤᠷᠴᠠ ᠂ ᠨᠡᠩᠳᠡ ᠲᠡᠷᠢᠭᠦᠯᠡᠭᠰᠡᠨ ᠵᠠᠩᠵᠤᠨ ᠨᠠᠷ ᠴᠥᠮ ᠰᠢᠯᠭᠠᠷᠠᠭᠰᠠᠨ ᠪᠠᠭᠠᠲᠤᠳ ᠲᠤᠯᠠ ᠲᠤᠭᠮᠤᠭ ᠤ᠋ᠨ ᠴᠡᠷᠢᠭ ᠶᠠᠭᠤᠨᠠᠢ ᠲᠤᠯᠤᠨ ᠴᠢᠳᠠᠬᠤ ᠠᠵᠢ !  ᠪᠧᠲ᠋ᠠ᠋ ᠤᠯᠤᠰ ᠤ᠋ᠨ ᠠᠩᠬ᠎ᠠ ᠬᠠᠭᠠᠯᠭᠠᠨ ᠤ᠋ ᠴᠡᠷᠢᠭ ᠲᠦ᠍ᠷ ᠳᠠᠷᠤᠢ ᠳᠠᠷᠤᠭᠳᠠᠨ ᠡᠭᠦᠰᠬᠡᠵᠦ᠂ ᠮᠣᠷᠢᠨ ᠴᠠᠭ ᠤ᠋ᠨ ᠰᠡᠭᠦᠯ ᠢ᠋ᠶ᠋ᠡᠷ ᠳᠠᠷᠤᠢ ᠪᠤᠲᠠᠷᠠᠯᠳᠤᠨ ᠪᠤᠷᠤᠭᠤᠯᠠᠪᠠ᠃ ᠨᠡᠩᠳᠡ ᠵᠠᠮᠤᠬ᠎ᠠ ᠶ᠋ᠢᠨ ᠳᠤᠮᠳᠠᠳᠤ ᠴᠡᠷᠢᠭ ᠬᠠᠮᠤᠭ ᠤ᠋ᠨ ᠡᠬᠢᠨ ᠳ᠋ᠦ᠍ᠷ ᠲᠡᠷᠢᠭᠦᠯᠡᠨ ᠳᠤᠲᠠᠭᠠᠪᠠ᠃ ᠲᠡᠳᠦᠢ ᠬᠣᠷᠢᠨ ᠭᠠᠵᠠᠷ ᠭᠠᠷᠴᠤ ᠭᠡᠨᠡᠳᠲᠡ ᠫᠤᠤ ᠲᠠᠯᠪᠢᠭᠤᠯᠵᠤ᠂ ᠤᠭ ᠶᠣᠰᠣᠭᠠᠷ ᠭᠤᠷᠪᠠᠨ ᠪᠠᠭ ᠢ᠋ᠶ᠋ᠠᠷ ᠵᠢᠭ᠍ᠰᠠᠭᠠᠨ ᠬᠦᠯᠢᠶᠡᠪᠡ᠃ ᠤᠳᠠᠭᠰᠠᠨ ᠦᠭᠡᠢ ᠪᠧᠲ᠋ᠠ᠋ ᠤᠯᠤᠰ ᠤ᠋ᠨ ᠴᠡᠷᠢᠭ ᠪᠠᠰᠠ ᠭᠦᠢᠴᠡᠨ ᠬᠦᠷᠴᠦ ᠢᠷᠡᠭᠡᠳ ᠲᠠᠢᠽᠦ ᠲᠡᠳᠡᠨ ᠦ᠌ ᠪᠠᠰᠠ ᠡᠭᠡᠵᠦ ᠪᠠᠢᠷᠢᠯᠠᠭᠰᠠᠨ ᠢ᠋ ᠦᠵᠡᠭᠡᠳ ᠥᠪᠡᠷ ᠦ᠋ᠨ ᠭᠤᠷᠪᠠᠨ ᠠᠩᠭᠢ ᠴᠡᠷᠢᠭ ᠲᠦ᠍ᠷ ᠢ᠋ᠶ᠋ᠡᠨ ᠵᠠᠷᠯᠠᠷᠤᠨ : 《ᠪᠢᠳᠡᠨ ᠦ᠌ ᠭᠤᠷᠪᠠᠨ ᠠᠩᠭᠢ ᠴᠡᠷᠢᠭ ᠵᠢᠷᠭᠤᠭᠠᠨ  ᠬᠠᠭᠠᠯᠭ᠎ᠠ ᠂ ᠶᠢᠰᠦᠨ ᠡᠭᠡᠯᠵᠢᠯᠡᠭᠡ ᠪᠡᠷ ᠲᠡᠳᠡᠨ ᠦ᠌ ᠭᠤᠷᠪᠠᠨ ᠠᠩᠭᠢ ᠶ᠋ᠢ ᠡᠳᠦᠷ ᠰᠥᠨᠢ ᠵᠣᠭᠰᠣᠯ ᠦᠭᠡᠢ ᠪᠡᠷ ᠪᠠᠢᠯᠳᠤᠨ ᠨᠡᠬᠡᠰᠦᠭᠡᠢ᠃ ᠬᠡᠨ ᠬᠥᠮᠦᠨ ᠣᠰᠤᠯᠳᠤᠪᠠᠰᠤ ᠶᠠᠯ᠎ᠠ ᠬᠡᠯᠡᠯᠴᠡᠮᠦᠢ ! 》 ᠭᠡᠮᠡᠨ ᠪᠠᠰᠠ ᠫᠤᠤ ᠲᠠᠯᠪᠢᠨ ᠬᠡᠩᠭᠡᠷᠭᠡ ᠳᠡᠯᠡᠳᠴᠦ ᠠᠯᠠᠨ ᠣᠷᠣᠪᠠ᠃ ᠳᠤᠮᠳᠠᠳᠤ ᠴᠡᠷᠢᠭ ᠡᠴᠡ ᠵᠠᠮᠤᠬ᠎ᠠ ᠳᠣᠪᠲᠣᠯᠤᠨ ᠭᠠᠷᠴᠤ᠂ ᠣᠨᠴᠠ ᠲᠠᠢᠽᠦ ᠶ᠋ᠢ ᠭᠠᠷᠴᠤ ᠪᠠᠢᠯᠳᠤ ᠂ ᠪᠤᠰᠤ ᠪᠣᠯᠪᠠᠰᠤ ᠶᠢᠰᠦᠭᠡᠢ ᠪᠠᠭᠠᠲᠤᠷ ᠤ᠋ᠨ ᠬᠥᠪᠡᠭᠦᠨ ᠪᠤᠰᠤ ! ᠬᠡᠮᠡᠬᠦᠢ ᠳ᠋ᠦ᠍ᠷ ᠲᠠᠢᠽᠦ ᠭᠠᠯ ᠮᠡᠲᠦ ᠭᠢᠯᠢᠭᠯᠡᠵᠦ᠂ ᠣᠯᠠᠨ ᠲᠦᠰᠢᠮᠡᠳ ᠦ᠋ᠨ ᠬᠣᠷᠢᠭ᠍ᠯᠠᠯ ᠢ᠋ ᠠᠪᠬᠤ ᠦᠭᠡᠢ ᠰᠢᠭᠤᠳ ᠰᠢᠪᠲᠤᠯᠤᠨ ᠭᠠᠷᠴᠤ ᠵᠠᠮᠤᠬ᠎ᠠ ᠶ᠋ᠢ ᠣᠨᠢᠯᠠᠨ ᠣᠷᠣᠭᠰᠠᠨ ᠳ᠋ᠤᠷ ᠠᠷᠪᠠᠨ ᠨᠠᠢ᠍ᠮᠠᠨ ᠵᠠᠩᠵᠤᠨ ᠲᠦᠰᠢᠮᠡᠳ ᠢᠨᠤ ᠬᠣᠷᠢᠭᠯᠠᠨ ᠵᠠᠪᠳᠤᠭᠰᠠᠨ ᠦᠭᠡᠢ ᠲᠤᠯᠠ ᠪᠦᠭᠦᠳᠡᠭᠡᠷ ᠶᠡᠬᠡᠯ᠎ᠡ ᠠᠶᠤᠯᠳᠤᠵᠤ᠂ ᠠᠷᠪᠠᠨ ᠨᠠᠢ᠍ᠮᠠᠭᠤᠯᠠ ᠬᠠᠮᠲᠤ ᠪᠠᠷ ᠳᠣᠪᠲᠣᠯᠤᠨ ᠣᠷᠣᠭᠰᠠᠨ ᠳ᠋ᠤᠷ ᠵᠠᠮᠤᠬ᠎ᠠ ᠲᠠᠢᠽᠦ ᠯᠤᠭ᠎ᠠ ᠲᠠᠪᠤᠨ ᠤᠳᠠᠭ᠎ᠠ ᠪᠠᠢᠯᠳᠤᠭᠰᠠᠨ ᠦᠭᠡᠢ᠂ ᠶᠠᠭᠠᠷᠠᠨ ᠲᠠᠢᠽᠦ ᠶ᠋ᠢᠨ ᠭᠠᠩ ᠤ᠋ᠨ ᠶ᠋ᠢᠳᠠ ᠶ᠋ᠢᠨ ᠳᠣᠣᠭᠤᠷ ᠰᠢᠷᠭᠤᠵᠤ ᠭᠠᠷᠤᠮᠠᠭᠴᠠ ᠴᠡᠷᠢᠭ ᠢ᠋ᠶ᠋ᠡᠨ ᠠᠪᠴᠤ ᠪᠤᠷᠤᠭᠤᠯᠠᠪᠠ᠃ ᠳᠠᠢᠰᠤᠨ ᠤ᠋ ᠴᠡᠷᠢᠭ ᠳᠤᠮᠳᠠᠳᠤ ᠴᠡᠷᠢᠭ ᠢ᠋ᠶ᠋ᠡᠨ ᠪᠤᠷᠤᠭᠤᠯᠠᠭᠰᠠᠨ ᠢ᠋ ᠦᠵᠡᠭᠡᠳ ᠬᠣᠶᠠᠷ ᠮᠥᠷᠥ ᠶ᠋ᠢᠨ ᠴᠡᠷᠢᠭ ᠮᠥᠨ ᠬᠣᠶᠠᠷ ᠲᠡᠰᠢ ᠵᠠᠮ ᠬᠤᠪᠢᠶᠠᠨ ᠪᠤᠷᠤᠭᠤᠯᠠᠪᠠ᠃ ᠲᠠᠢᠽᠦ ᠶ᠋ᠢᠨ ᠴᠡᠷᠢᠭ ᠳᠠᠷᠠᠭ᠎ᠠ ᠪᠠᠷ ᠬᠣᠶᠠᠷ ᠵᠡᠷᠭᠡ ᠳᠡᠢᠯᠦᠭᠰᠡᠨ ᠲᠤᠯᠠ ᠣᠯᠠᠨ ᠴᠡᠷᠢᠭ ᠨᠡᠩ ᠣᠮᠣᠭᠰᠢᠵᠤ ᠨᠡᠬᠡᠨ ᠳᠣᠪᠲᠣᠯᠤᠭᠰᠠᠨ᠎ᠠ ᠳᠤᠮᠳᠠᠳᠤ ᠴᠡᠷᠢᠭ ᠡᠴᠡ ᠵᠡᠯᠮ᠎ᠡ ᠶᠠᠭᠠᠷᠠᠨ ᠶᠡᠬᠡ ᠲᠤᠭ ᠢ᠋ ᠬᠠᠯᠠᠭᠯᠠᠨ ᠵᠣᠭᠰᠣᠭᠠᠵᠤ : 《ᠡᠨᠡ ᠬᠡᠷᠡᠭ ᠰᠡᠵᠢᠭᠯᠡᠯ ᠲᠡᠢ ᠂ ᠡᠵᠡᠨ ᠨᠡᠬᠡᠬᠦ ᠶ᠋ᠢ ᠲᠦᠷ ᠪᠠᠢᠵᠠ ! 》ᠬᠡᠮᠡᠲᠡᠯ᠎ᠡ  ᠵᠠᠮᠤᠬ᠎ᠠ ᠶ᠋ᠢᠨ ᠴᠡᠷᠢᠭ ᠪᠠᠰᠠ ᠵᠣᠭᠰᠣᠵᠤ ᠴᠡᠷᠢᠭ ᠦ᠋ᠨ ᠬᠥᠮᠦᠨ ᠢ᠋ᠶ᠋ᠡᠷ ᠬᠠᠷᠢᠶᠠᠯᠭᠠᠬᠤᠢ ᠳ᠋ᠤᠷ ᠵᠠᠯᠮ᠎ᠠ᠂ ᠲᠠᠢᠽᠦ ᠶ᠋ᠢ ᠨᠡᠩ ᠬᠣᠷᠢᠭ᠍ᠯᠠᠨ ᠵᠣᠭᠰᠣᠭᠠᠵᠤ ᠴᠢᠳᠠᠬᠤ ᠦᠭᠡᠢ ᠪᠣᠯᠤᠭᠠᠳ ᠪᠠᠰᠠ ᠨᠡᠬᠡᠭᠰᠡᠭᠡᠷ ᠳᠡᠮᠡᠢ ᠳᠣᠯᠣᠭᠠᠨ ᠨᠠᠢ᠍ᠮᠠᠨ ᠭᠠᠵᠠᠷ ᠶᠠᠪᠤᠭᠰᠠᠨ ᠦᠭᠡᠢ᠂ ᠵᠠᠮᠤᠬ᠎ᠠ ᠶ᠋ᠢᠨ ᠴᠡᠷᠢᠭ ᠨᠢᠭᠡᠨ ᠭᠣᠣᠯ ᠤ᠋ᠨ ᠠᠮᠠᠨ ᠢ᠋ ᠥᠭᠡᠳᠡᠯᠡᠨ ᠡᠴᠢᠭᠡᠳ ᠬᠡᠳᠦᠨᠲᠡ ᠮᠤᠰᠬᠢᠮᠠᠭᠴᠠ ᠶᠠᠯᠠᠭ ᠲᠠᠯᠠᠭ ᠦᠭᠡᠢ ᠪᠣᠯᠵᠤᠬᠤᠢ᠃ ᠲᠠᠢᠽᠦ ᠭᠠᠯ ᠠᠭᠤᠷ ᠢ᠋ᠶ᠋ᠠᠷ ᠲᠠᠯᠪᠢᠯ ᠦᠭᠡᠢ ᠨᠡᠬᠡᠵᠦ ᠣᠷᠣᠭᠰᠠᠨ ᠳ᠋ᠤᠷ ᠵᠠᠯᠮ᠎ᠠ ᠶᠡᠬᠡᠯ᠎ᠡ ᠰᠢᠬᠠᠮᠳᠠᠨ ᠶᠠᠭᠠᠷᠠᠨ ᠢᠷᠡᠵᠦ ᠲᠠᠢᠽᠦ ᠶ᠋ᠢᠨ ᠮᠣᠷᠢᠨ ᠤ᠋ ᠬᠠᠵᠠᠭᠠᠷ ᠤ᠋ᠨ ᠠᠮᠠᠭ᠎ᠠ ᠠ᠋ᠴᠠ ᠠᠳᠬᠠᠨ ᠪᠠᠷᠢᠵᠤ : 《ᠡᠵᠡᠨ ! ᠡᠨᠡ ᠬᠡᠷᠡᠭ ᠶᠡᠬᠡᠯ᠎ᠡ ᠰᠡᠵᠢᠭᠯᠡᠯᠲᠡᠢ ᠪᠣᠯᠪᠠ᠂ ᠯᠠᠪ ᠨᠠᠷᠢᠨ ᠠᠷᠭ᠎ᠠ ᠮᠤᠬᠤᠷ ᠭᠡᠮ ᠪᠣᠢ᠂ ᠬᠡᠷᠬᠢᠪᠡᠴᠦ ᠬᠥᠩᠭᠡᠯᠡᠨ ᠨᠡᠬᠡᠵᠦ ᠪᠣᠯᠬᠤ ᠦᠭᠡᠢ ! 》 ᠭᠡᠮᠡᠨ ᠣᠯᠠᠨ ᠢ᠋ ᠠᠪᠴᠤ ᠲᠠᠢᠽᠦ ᠶ᠋ᠢ ᠰᠠᠶᠢ ᠬᠣᠷᠢᠭ᠍ᠯᠠᠵᠤ ᠵᠣᠭᠰᠣᠭᠠᠲᠠᠯ᠎ᠠ ᠵᠠᠮᠤᠬ᠎ᠠ ᠵᠡᠪᠡ ᠶ᠋ᠢᠨ ᠦ᠌ ᠠᠮᠠᠨ ᠤ᠋ ᠳᠣᠲᠣᠷ᠎ᠠ ᠨᠢᠭᠡᠨ ᠳᠣᠪᠣ ᠳ᠋ᠤᠷ ᠵᠣᠭᠰᠣᠵᠤ᠂ ᠥᠨᠳᠥᠷ ᠳᠠᠭᠤᠨ ᠢ᠋ᠶ᠋ᠠᠷ ᠲᠠᠢᠽᠦ ᠶ᠋ᠢ : 《ᠴᠢ ᠦᠨᠡᠬᠡᠷ ᠶᠢᠰᠦᠭᠡᠢ ᠪᠠᠭᠠᠲᠤᠷ ᠤ᠋ᠨ ᠬᠥᠪᠡᠭᠦᠨ ᠪᠥᠭᠡᠰᠦ ᠰᠢᠭᠡᠰᠦ ᠪᠡᠨ ᠭᠠᠷᠭᠠᠵᠤ ᠨᠠᠳᠠ ᠯᠤᠬ᠎ᠠ ᠡᠨᠡ ᠭᠠᠵᠠᠷ ᠨᠢᠭᠡᠨ ᠤᠳᠠᠭ᠎ᠠ ᠪᠠᠢᠯᠳᠤᠵᠤ ᠦᠵᠡᠮᠦ ! 》ᠭᠡᠮᠡᠨ ᠬᠠᠷᠢᠶᠠᠬᠤᠢ ᠳ᠋ᠤᠷ ᠲᠠᠢᠽᠦ ᠭᠡᠨᠡᠳᠲᠡ ᠪᠠᠰᠠ ᠭᠠᠯ ᠤ᠋ᠨ ᠳᠡᠭᠡᠷ᠎ᠡ ᠲᠣᠰᠣ ᠴᠢᠳᠬᠤᠭᠰᠠᠨ ᠮᠡᠲᠦ ᠬᠢᠯᠢᠩᠯᠡᠵᠦ᠂ ᠨᠢᠭᠡᠨᠲᠡ ᠬᠠᠰᠬᠢᠷᠤᠨ ᠵᠡᠯᠮ᠎ᠡ ᠨᠠᠷ ᠤ᠋ᠨ ᠭᠠᠷ ᠢ᠋ ᠠᠯᠳᠠᠭᠤᠯᠵᠤ᠂ ᠭᠠᠭᠴᠠ ᠪᠡᠶ᠎ᠡ ᠭᠠᠵᠠᠷ ᠨᠡᠷᠡᠲᠦ ᠮᠣᠷᠢ ᠪᠠᠨ ᠲᠠᠯᠪᠢᠵᠤ ᠵᠡᠪᠡ ᠶ᠋ᠢᠨ ᠠᠮᠠᠨ ᠳ᠋ᠤᠷ ᠳᠣᠪᠲᠣᠯᠤᠨ ᠣᠷᠣᠭᠰᠠᠨ᠎ᠠ᠂ ᠣᠯᠠᠨ ᠵᠠᠩᠵᠤᠨ ᠴᠡᠷᠢᠭ ᠦ᠋ᠳ ᠦ᠋ᠨ ᠪᠡᠶ᠎ᠡ ᠶ᠋ᠢᠨ ᠰᠦᠨᠡᠰᠦ ᠪᠡᠶ᠎ᠡ ᠳ᠋ᠦ᠍ᠷ ᠦᠭᠡᠢ ᠶᠠᠭᠠᠷᠠᠨ ᠳᠣᠪᠲᠣᠯᠤᠯᠴᠠᠨ ᠳᠠᠭᠠᠵᠤ ᠣᠷᠣᠪᠠᠰᠤ᠂ ᠵᠠᠮᠤᠬ᠎ᠠ ᠪᠠᠰᠠ ᠬᠡᠳᠦᠢᠨᠡᠢ ᠦᠵᠡᠭᠳᠡᠬᠦ ᠦᠭᠡᠢ ᠪᠣᠯᠪᠠ᠃ ᠲᠡᠳᠦᠢ ᠣᠯᠠᠨ ᠴᠡᠷᠢᠭ ᠨᠢᠭᠡᠨᠲᠡ ᠵᠡᠪᠡ ᠶ᠋ᠢᠨ ᠠᠮᠠᠨ ᠳ᠋ᠤ᠌ ᠣᠷᠣᠵᠤ ᠡᠴᠢᠭᠡᠳ ᠬᠠᠷᠠᠬᠠᠨ ᠰᠡᠵᠢᠭᠯᠡᠯᠴᠡᠨ ᠦᠵᠡᠪᠡᠰᠦ᠂ ᠪᠠᠷᠠᠭᠤᠨ ᠬᠣᠢᠲᠤ ᠭᠣᠣᠯ ᠤ᠋ᠨ ᠡᠷᠭᠢ ᠳ᠋ᠦ᠍ᠷ ᠴᠡᠷᠢᠭ ᠦ᠋ᠨ ᠪᠠᠭᠤᠳᠠᠯ ᠮᠡᠲᠦ ᠲᠤᠭ ᠬᠢᠭᠢᠷᠢ ᠦᠵᠡᠭᠳᠡᠬᠦ ᠲᠤᠯᠠ ᠣᠯᠠᠨ ᠵᠠᠩᠵᠤᠨ ᠴᠡᠷᠢᠭ ᠲᠠᠢᠽᠦ ᠶ᠋ᠢ ᠠᠪᠴᠤ ᠲᠡᠨᠳᠡ ᠳᠣᠪᠲᠣᠯᠤᠨ ᠬᠦᠷᠪᠡᠰᠦ᠂ ᠦᠵᠡᠰᠡ ᠬᠣᠭᠣᠰᠣᠨ ᠬᠦᠷᠢᠶ᠎ᠡ ᠲᠤᠯᠠ ᠣᠯᠠᠨ ᠴᠡᠷᠢᠭ ᠶᠡᠬᠡᠯ᠎ᠡ ᠠᠶᠤᠵᠤ ᠲᠠᠢᠽᠦ ᠶ᠋ᠢ ᠠᠪᠴᠤ ᠡᠭᠡᠨ ᠢᠷᠡᠲᠡᠯ᠎ᠡ ᠵᠡᠪᠡ ᠶ᠋ᠢᠨ ᠠᠮᠠ ᠶ᠋ᠢ ᠲᠠᠭ ᠪᠥᠭᠯᠡᠵᠦ ᠬᠣᠶᠠᠷ ᠡᠲᠡᠭᠡᠳ ᠡᠴᠡ ᠬᠠᠷᠪᠤᠬᠤ ᠠᠨᠤ ᠪᠣᠷᠣᠭᠠᠨ ᠣᠷᠣᠬᠤ ᠮᠡᠲᠦ ᠂ ᠨᠢᠭᠡᠨᠲᠡ ᠭᠠᠷᠴᠤ ᠪᠣᠯᠬᠤ ᠦᠭᠡᠢ ᠪᠣᠯᠪᠠ᠃ 
      ᠲᠡᠳᠦᠢ ᠲᠠᠢᠽᠦ ᠶᠠᠭᠠᠷᠠᠨ ᠴᠡᠷᠢᠭ ᠢ᠋ᠶ᠋ᠡᠨ ᠡᠭᠡᠭᠦᠯᠵᠦ ᠬᠠᠪᠴᠢᠯ ᠭᠠᠵᠠᠷ ᠠ᠋ᠴᠠ ᠵᠠᠢᠯᠠᠵᠤ ᠠᠭᠤᠳᠠᠮ ᠬᠣᠭᠣᠷᠣᠨᠳᠣ ᠡᠴᠢᠵᠦ ᠵᠣᠭᠰᠣᠲᠠᠯ᠎ᠠ ᠪᠠᠷᠠᠭᠤᠨ ᠪᠡᠶ᠎ᠡ ᠶ᠋ᠢᠨ ᠨᠡᠬᠦᠢᠭᠰᠡᠨ ᠳᠡᠯ ᠬᠠᠳᠠᠲᠤ ᠨᠢᠭᠡᠨ ᠠᠭᠤᠯᠠᠨ ᠤ᠋ ᠳᠡᠭᠡᠷ᠎ᠡ ᠬᠠᠳᠠ ᠶ᠋ᠢᠨ ᠴᠠᠭᠠᠨ᠎ᠠ ᠵᠠᠮᠤᠬ᠎ᠠ ᠭᠠᠭᠴᠠ ᠪᠡᠶ᠎ᠡ ᠳᠠᠩ ᠮᠣᠷᠢ ᠪᠠᠷ ᠵᠣᠭᠰᠣᠵᠤ ᠲᠠᠢᠽᠦ ᠶ᠋ᠢ ᠶ᠋ᠢᠳᠡ ᠪᠡᠷ ᠵᠢᠭᠠᠵᠤ᠂ ᠥᠨᠳᠥᠷ ᠳᠠᠭᠤᠨ ᠢ᠋ᠶ᠋ᠠᠷ ᠬᠠᠰᠬᠢᠷᠤᠨ ᠥᠭᠦᠯᠡᠷᠦᠨ : 《ᠲᠡᠩᠴᠡᠰᠢ ᠦᠭᠡᠢ ᠲᠡᠭᠷᠢᠯᠢᠭ ᠬᠡᠮᠡᠭᠴᠢ ᠲᠡᠮᠦᠵᠢᠨ ᠴᠢ ᠲᠡᠩᠬᠡᠭᠡ ᠠᠪᠠᠰᠤ ᠡᠨᠳᠡ ᠭᠠᠷᠴᠤ ᠢᠷ᠎ᠡ ! ᠲᠡᠢᠮᠦ ᠪᠣᠯᠪᠠᠰᠤ ᠰᠠᠶᠢ ᠪᠦᠷᠵᠢᠭᠢᠳ ᠤ᠋ᠨ ᠵᠤᠯᠵᠠᠭ᠎ᠠ ᠮᠥᠨ᠂ ᠲᠡᠮᠡᠦᠯᠦᠨ ᠮᠠᠴᠤᠵᠤ ᠲᠡᠩᠰᠡᠵᠦ ᠦᠵᠡᠭᠳᠡᠬᠦᠢ ᠴᠢ ! 》 ᠭᠡᠮᠡᠨ ᠮᠠᠭᠤ ᠦᠭᠡ ᠪᠡᠷ ᠭᠤᠲᠤᠭᠠᠨ ᠬᠠᠷᠢᠶᠠᠬᠤᠢ ᠳ᠋ᠤᠷ ᠲᠠᠢᠽᠦ ᠶ᠋ᠢᠨ ᠨᠢᠳᠦᠨ ᠡᠴᠡ ᠭᠠᠯ ᠭᠠᠷᠲᠠᠯ᠎ᠠ ᠬᠢᠯᠢᠩᠯᠡᠵᠦ᠂ ᠲᠡᠭᠷᠢ ᠡᠴᠢᠭᠡ ᠮᠡᠳᠡᠲᠦᠭᠡᠢ ! ᠭᠡᠮᠡᠨ ᠨᠢᠭᠡᠨᠲᠡ ᠬᠠᠰᠬᠢᠷᠴᠤ ᠮᠣᠷᠢ ᠪᠠᠨ ᠲᠠᠰᠤ ᠭᠤᠶᠠᠳᠠᠨ ᠠᠭᠤᠯᠠ ᠥᠭᠡᠳᠡ ᠬᠠᠷᠠᠢᠯᠭᠠᠨ ᠳᠣᠪᠲᠣᠯᠵᠤ ᠭᠠᠷᠲᠠᠯ᠎ᠠ ᠳᠡᠭᠡᠷ᠎ᠡ ᠡᠴᠡ ᠵᠠᠮᠤᠬ᠎ᠠ ᠠᠯᠠᠭ᠎ᠠ ᠪᠠᠨ ᠲᠡᠰᠢᠵᠦ ᠶᠡᠬᠡᠯ᠎ᠡ ᠢᠨᠢᠶᠡᠨ : 《ᠲᠡᠮᠦᠵᠢᠨ ᠬᠥᠪᠡᠭᠦᠨ ᠣᠳᠣ ᠴᠤ᠌ ᠲᠡᠭᠦᠰᠪᠡᠢ !  ᠣᠳᠣ ᠴᠤ᠌ ᠲᠡᠭᠦᠰᠪᠡᠢ ! 》 ᠭᠡᠮᠡᠨ ᠨᠢᠭᠡᠨᠲᠡ ᠬᠠᠰᠬᠢᠷᠤᠨ ᠳᠠᠭᠤᠳᠠᠬᠤᠶ᠎ᠠ᠂ ᠠᠭᠤᠯᠠᠨ ᠤ᠋ ᠣᠷᠣᠢ ᠳ᠋ᠤᠷ ᠨᠢᠭᠡᠨ ᠶᠡᠬᠡ ᠦᠬᠡᠷ ᠫᠤᠤ ᠶ᠋ᠢᠨ ᠳᠠᠭᠤᠨ ᠭᠠᠷᠤᠮᠠᠭᠴᠠ ᠲᠡᠷᠡ ᠨᠡᠬᠦᠢᠭᠰᠡᠨ ᠬᠠᠳᠠ ᠬᠠᠮᠲᠤ ᠪᠠᠷ ᠢᠪ ᠡᠴᠢᠵᠦ ᠰᠠᠯᠪᠠᠷᠠᠭᠠᠳ ᠦᠬᠡᠷ ᠦ᠋ᠨ ᠴᠢᠨᠡᠭᠡᠨ ᠭᠡᠷ ᠦ᠋ᠨ ᠴᠢᠨᠡᠭᠡᠨ ᠬᠣᠶᠠᠷ ᠬᠡᠰᠡᠭ ᠴᠢᠯᠠᠭᠤ ᠠᠨᠤ ᠴᠢᠪ ᠴᠢᠬᠡ ᠲᠠᠢᠽᠦ ᠶ᠋ᠢ ᠳᠠᠭᠠᠷᠢᠨ ᠢᠷᠡᠬᠦᠶ᠎ᠡ ᠂ ᠲᠠᠢᠽᠦ ᠶ᠋ᠢᠨ ᠣᠯᠠᠨ ᠵᠠᠩᠵᠤᠨ ᠨᠠᠷ ᠪᠡᠶ᠎ᠡ ᠶ᠋ᠢᠨ ᠰᠦᠨᠡᠰᠦ ᠪᠡᠶ᠎ᠡ ᠳ᠋ᠦ᠍ᠷ ᠦᠭᠡᠢ ᠪᠢᠯᠢᠭ ᠦ᠋ᠨ ᠤᠬᠠᠭᠠᠨ ᠴᠡᠭᠡᠵᠢᠨ ᠳ᠋ᠦ᠍ᠷ ᠦᠭᠡᠢ ᠪᠣᠯᠵᠤ 《ᠠᠶ᠎ᠠ ᠪᠠᠷᠠᠪᠠ ᠪᠠᠷᠠᠪᠠ ! 》 ᠭᠡᠮᠡᠨ ᠬᠠᠰᠬᠢᠷᠤᠯᠳᠤᠬᠤᠶ᠎ᠠ ᠂ ᠲᠠᠢᠽᠦ ᠦᠵᠡᠪᠡᠰᠦ ᠥᠩᠬᠥᠷᠢᠬᠦ ᠬᠠᠳᠠ ᠨᠢᠭᠡᠨᠲᠡ ᠨᠢᠳᠦᠨ ᠦ᠌ ᠡᠮᠦᠨ᠎ᠡ ᠬᠦᠷᠴᠦ ᠢᠷᠡᠭᠡᠳ ᠵᠠᠢᠯᠠᠪᠠᠰᠤ ᠵᠠᠪᠳᠤᠰᠢ ᠦᠭᠡᠢ ᠲᠤᠯᠠ ᠨᠢᠭᠡᠨ ᠦᠬᠦᠬᠦ ᠪᠡᠶ᠎ᠡ ᠦᠯᠡᠳᠡᠬᠦ ᠨᠡᠷ᠎ᠡ ᠳᠤᠲᠠᠭᠠᠵᠤ ᠳᠠᠭᠠᠷᠢᠭ᠍ᠳᠠᠬᠤ ᠠ᠋ᠴᠠ ᠲᠤᠯᠵᠤ ᠳᠠᠭᠠᠷᠢᠭᠳᠠᠰᠤᠭᠠᠢ ᠭᠡᠮᠡᠨ : 《ᠲᠡᠭᠷᠢ ᠡᠴᠢᠭᠡ ᠮᠡᠳᠡᠲᠦᠭᠡᠢ !》ᠭᠡᠮᠡᠨ ᠨᠢᠭᠡᠨᠲᠡ ᠵᠠᠩᠳᠠᠵᠤ᠂ ᠴᠢᠯᠠᠭᠤᠨ ᠤ᠋ ᠡᠰᠡᠷᠭᠦ ᠳᠣᠪᠲᠣᠯᠤᠨ ᠡᠴᠢᠭᠰᠡᠨ᠎ᠡ ᠂ ᠲᠡᠷᠡ ᠴᠢᠯᠠᠭᠤ ᠦᠰᠦᠷᠬᠢᠯᠡᠨ ᠥᠩᠬᠥᠷᠢᠭᠰᠡᠭᠡᠷ ᠲᠠᠢᠽᠦ ᠶ᠋ᠢᠨ ᠡᠮᠦᠨ᠎ᠡ ᠬᠡᠳᠦᠬᠡᠨ ᠠᠯᠲᠠ ᠶ᠋ᠢᠨ ᠭᠠᠵᠠᠷ ᠬᠦᠷᠴᠦ ᠢᠷᠡᠭᠡᠳ ᠨᠢᠭᠡᠨ ᠪᠢᠴᠢᠬᠠᠨ ᠤᠷᠭᠤᠮᠠᠯ ᠬᠠᠳᠠ ᠶ᠋ᠢᠨ ᠳᠡᠭᠡᠷ᠎ᠡ ᠂ ᠲᠤᠰᠤᠮᠠᠭᠴᠠ ᠬᠣᠶᠠᠷ ᠴᠢᠯᠠᠭᠤᠨ ᠤ᠋ ᠵᠠᠪᠰᠠᠷ ᠠ᠋ᠴᠠ ᠤᠯᠠᠭᠠᠨ ᠭᠡᠷᠡᠯ ᠰᠠᠴᠤᠷᠠᠨ ᠭᠠᠷᠴᠤ ᠬᠣᠭᠣᠰᠣᠨ ᠭᠠᠵᠠᠷ ᠨᠢᠭᠡᠨᠲᠡ ᠠᠶᠤᠩᠭᠠᠯᠠᠵᠤ ᠂ ᠲᠡᠷᠡ ᠭᠡᠷ ᠦ᠋ᠨ ᠴᠢᠨᠡᠭᠡᠨ ᠶᠡᠬᠡ ᠬᠡᠰᠡᠭᠲᠦ ᠬᠠᠳᠠ ᠶ᠋ᠢᠨ ᠴᠢᠯᠠᠭᠤ ᠲᠡᠭ ᠬᠢᠲᠡᠯ᠎ᠡ ᠦᠰᠦᠷᠦᠭᠡᠳ ᠳᠠᠷᠤᠢ ᠲᠡᠷᠡ ᠤᠯᠠᠭᠠᠨ ᠭᠡᠷᠡᠯ ᠦ᠋ᠨ ᠳᠡᠭᠡᠭᠦᠷ ᠭᠤᠷᠪᠠᠨ ᠠᠯᠲᠠ ᠥᠨᠳᠥᠷ ᠢ᠋ᠶ᠋ᠡᠷ ᠦᠰᠦᠷᠦᠨ ᠭᠠᠷᠴᠤ ᠢᠷᠡᠭᠡᠳ ᠠᠭᠤᠯᠠᠨ ᠤ᠋ ᠬᠡᠳᠦ ᠬᠡᠳᠦᠨ ᠮᠣᠳᠣ ᠶ᠋ᠢ ᠬᠤᠭᠤ ᠳᠠᠭᠠᠷᠢᠵᠤ᠂ ᠨᠢᠭᠡᠨ ᠪᠦᠳᠦᠭᠦᠨ ᠮᠣᠳᠣᠨ ᠳ᠋ᠤᠷ ᠲᠣᠷᠪᠠᠢ ᠃ ᠡᠨᠡ ᠴᠢᠯᠠᠭᠤᠨ ᠤ᠋ ᠬᠣᠢᠨ᠎ᠠ ᠠ᠋ᠴᠠ ᠪᠠᠰᠠ ᠨᠢᠭᠡᠨ ᠬᠡᠳᠦᠨ ᠠᠯᠲᠠ ᠤᠷᠲᠤ᠂ ᠠᠯᠲᠠ ᠢᠯᠡᠭᠦᠦ ᠪᠦᠳᠦᠭᠦᠨ ᠨᠢᠭᠡᠨ ᠬᠡᠰᠡᠭ ᠴᠢᠯᠠᠭᠤᠨ ᠤᠷᠲᠤ ᠪᠤᠯᠤ ᠮᠡᠲᠦ ᠬᠥᠨᠳᠡᠯᠡᠨ ᠢ᠋ᠶ᠋ᠡᠷ ᠥᠩᠬᠥᠷᠢᠨ ᠬᠦᠷᠴᠦ ᠢᠷᠡᠭᠡᠳ ᠡᠨᠡ ᠠᠶᠤᠩᠭ᠎ᠠ ᠶ᠋ᠢᠨ ᠳᠠᠭᠤᠨ ᠳ᠋ᠤᠷ ᠳᠤᠮᠳᠠᠭᠤᠷ ᠢ᠋ᠶ᠋ᠠᠷ ᠳᠡᠯᠪᠡ ᠡᠴᠢᠵᠦ ᠬᠣᠶᠠᠷ ᠠᠩᠭᠢ ᠪᠣᠯᠤᠭᠠᠳ ᠲᠠᠢᠽᠦ ᠶ᠋ᠢᠨ ᠬᠠᠵᠠᠭᠤ ᠪᠠᠷ ᠳᠣᠷᠣᠭᠰᠢ ᠥᠩᠬᠥᠷᠢᠨ ᠥᠩᠭᠡᠷᠡᠵᠦ᠂ ᠮᠣᠳᠣ ᠴᠢᠯᠠᠭᠤ ᠳ᠋ᠤᠷ ᠮᠥᠷᠭᠥᠭᠰᠡᠭᠡᠷ ᠪᠤᠰᠤ ᠵᠡᠪᠡ ᠳ᠋ᠦ᠍ᠷ ᠣᠷᠣᠵᠤ ᠡᠴᠢᠪᠡ᠃ ᠡᠨᠡ ᠤᠯᠠᠭᠠᠨ ᠭᠡᠷᠡᠯ ᠪᠠ ᠠᠶᠤᠩᠭ᠎ᠠ ᠳ᠋ᠤᠷ ᠲᠠᠢᠽᠦ ᠶ᠋ᠢᠨ ᠠᠷᠤ ᠶ᠋ᠢᠨ ᠬᠣᠢᠨ᠎ᠠ ᠠ᠋ᠴᠠ ᠮᠣᠩᠭᠣᠯ ᠭᠡᠷ ᠦ᠋ᠨ ᠴᠢᠨᠡᠭᠡᠨ ᠪᠦᠳᠦᠭᠦᠨ ᠬᠡᠳᠦᠨ ᠠᠷᠪᠠᠨ ᠠᠯᠲᠠ ᠤᠷᠲᠤ ᠨᠢᠭᠡᠨ ᠶᠡᠬᠡ ᠠᠯᠲᠠᠨ ᠯᠤᠤ ᠢᠯᠡᠷᠡᠨ ᠭᠠᠷᠴᠤ ᠡᠮᠦᠨᠡᠲᠦ ᠬᠣᠶᠠᠷ ᠬᠥᠯ ᠦ᠋ᠨ ᠲᠠᠪᠤᠨ ᠬᠢᠮᠤᠰᠤᠨ ᠢ᠋ᠶ᠋ᠠᠷ ᠲᠡᠷᠡ ᠶᠡᠬᠡ ᠴᠢᠯᠠᠭᠤ ᠶ᠋ᠢᠨ ᠳᠤᠮᠳᠠᠭᠤᠷ ᠠᠨᠤ ᠲᠠᠰᠤ ᠪᠠᠵᠠᠵᠤ᠂ ᠬᠣᠶᠠᠷ ᠠᠩᠭᠢ ᠪᠣᠯᠭᠠᠵᠤ ᠢᠯᠡᠭᠡᠭᠰᠡᠨ ᠢ᠋ ᠳᠡᠭᠡᠷ᠎ᠡ ᠳᠣᠣᠷ᠎ᠠ ᠪᠦᠬᠦᠢ ᠥᠪᠡᠷ ᠪᠤᠰᠤᠳ ᠤ᠋ᠨ ᠵᠠᠩᠵᠤᠨ ᠴᠡᠷᠢᠭ ᠪᠦᠭᠦᠳᠡᠭᠡᠷ ᠴᠥᠮ ᠲᠣᠪ ᠲᠣᠳᠣᠷᠬᠠᠢ ᠦᠵᠡᠪᠡ᠃ ᠭᠠᠭᠴᠠ ᠲᠠᠢᠽᠦ ᠶ᠋ᠢᠨ ᠪᠡᠶ᠎ᠡ ᠮᠡᠳᠡᠭᠰᠡᠨ ᠦᠭᠡᠢ᠃ ᠡᠨᠡ ᠬᠣᠭᠣᠰᠣᠨ ᠭᠠᠵᠠᠷ ᠤ᠋ᠨ ᠭᠠᠯ ᠤ᠋ᠨ ᠠᠶᠤᠩᠭ᠎ᠠ ᠳ᠋ᠤᠷ ᠡᠨᠡ ᠭᠣᠣᠯ ᠤ᠋ᠨ ᠳᠣᠲᠣᠷ᠎ᠠ ᠬᠦᠬᠦᠷ ᠡᠮ ᠦ᠋ᠨ ᠦᠨᠦᠷᠲᠦ ᠬᠥᠬᠡ ᠤᠲᠤᠭ᠎ᠠ ᠲᠤᠨᠤᠷᠠᠪᠠᠢ᠃ ᠡᠨᠡ ᠦᠶ᠎ᠡ ᠳ᠋ᠦ᠍ᠷ ᠵᠠᠮᠤᠬ᠎ᠠ ᠶᠡᠬᠡᠯ᠎ᠡ ᠠᠶᠤᠨ ᠶᠠᠭᠠᠷᠠᠨ ᠳᠣᠪᠲᠣᠯᠵᠤ ᠂ ᠵᠡᠪᠡ ᠶ᠋ᠢᠨ ᠠᠮᠠᠨ ᠤ᠋ ᠪᠠᠭᠤᠳᠠᠯ ᠳ᠋ᠤᠷ ᠢ᠋ᠶ᠋ᠠᠨ ᠡᠴᠢᠵᠦ ᠪᠠᠲᠤᠯᠠᠨ ᠰᠠᠬᠢᠪᠠᠢ᠃ ᠲᠠᠢᠽᠦ ᠠᠭᠤᠯᠠᠨ ᠤ᠋ ᠳᠡᠭᠡᠷ᠎ᠡ ᠳᠣᠪᠲᠣᠯᠤᠨ ᠭᠠᠷᠲᠠᠯ᠎ᠠ ᠬᠡᠳᠦᠢᠨᠡᠢ ᠦᠵᠡᠭᠳᠡᠬᠦ ᠦᠭᠡᠢ ᠪᠣᠯᠪᠠᠢ᠃ ᠡᠭᠡᠵᠦ ᠦᠵᠡᠪᠡᠰᠦ ᠲᠠᠢᠽᠦ ᠶ᠋ᠢᠨ ᠣᠯᠠᠨ ᠵᠠᠩᠵᠤᠨ ᠨᠠᠷ ᠠᠭᠤᠯᠠᠨ ᠥᠭᠡᠳᠡ ᠤᠨᠠᠨ ᠲᠣᠰᠣᠨ ᠠᠪᠠᠷᠢᠨ ᠢᠷᠡᠬᠦᠶ᠎ᠡ ᠂  ᠵᠠᠯᠮ᠎ᠠ ᠲᠠᠢᠽᠦ ᠶ᠋ᠢᠨ ᠮᠣᠷᠢᠨ ᠤ᠋ ᠰᠡᠭᠦᠯ ᠢ᠋ ᠳᠠᠷᠤᠨ ᠬᠦᠷᠴᠦ ᠢᠷᠡᠭᠰᠡᠨ ᠲᠤᠯᠠ ᠲᠠᠢᠽᠦ ᠶ᠋ᠢᠨ ᠮᠣᠷᠢᠨ ᠤ᠋ ᠬᠦᠵᠦᠭᠦᠦ ᠶ᠋ᠢ ᠲᠡᠪᠡᠷᠢᠵᠦ ᠨᠢᠳᠦᠨ ᠡᠴᠡ ᠪᠡᠨ ᠨᠢᠯᠪᠤᠰᠤᠨ ᠴᠤᠪᠤᠷᠢᠭᠤᠯᠤᠨ ᠤᠬᠢᠯᠠᠨ ᠥᠭᠦᠯᠡᠷᠦᠨ : 《ᠳᠡᠭᠷᠢᠯᠢᠭ ᠡᠵᠡᠨ ᠮᠢᠨᠦ ᠬᠢᠯᠢᠩ ᠢ᠋ᠶ᠋ᠡᠨ ᠲᠣᠬᠣᠷᠤᠭᠤᠯ᠂ ᠲᠡᠩᠴᠡᠰᠢ ᠦᠭᠡᠢ ᠬᠦᠨᠳᠦ ᠪᠡᠶ᠎ᠡ ᠪᠡᠨ ᠬᠦᠨᠳᠦᠳᠬᠡᠮᠦ !ᠲᠡᠷᠡ ᠬᠦ᠌ ᠨᠢᠭᠡᠨ ᠵᠠᠮᠤᠬ᠎ᠠ ᠪᠣᠭᠣᠯ ᠶᠠᠮᠪᠠᠷ ᠬᠡᠷᠡᠭ ᠪᠣᠢ ? ᠲᠡᠭᠷᠢ ᠶ᠋ᠢᠨ ᠬᠥᠪᠡᠭᠦᠨ ᠦ᠌ ᠡᠷᠳᠡᠨᠢ ᠶ᠋ᠢᠨ ᠪᠡᠶ᠎ᠡ ᠴᠢᠬᠤᠯᠠ ᠬᠡᠮᠡᠵᠦ ᠠᠭᠤᠳᠠᠮ ᠲᠠᠯ᠎ᠠ ᠳ᠋ᠤᠷ ᠪᠠᠭᠤᠳᠠᠯᠯᠠᠵᠤ᠂ ᠳᠥᠷᠪᠡᠨ ᠵᠦᠭ ᠵᠠᠮ ᠡᠷᠢᠭᠦᠯᠪᠡᠰᠦ ᠴᠥᠮ ᠴᠠᠪᠴᠢᠮ᠎ᠠ ᠪᠣᠰᠤᠭ᠎ᠠ ᠠᠭᠤᠯᠠ ᠬᠠᠳᠠ ᠰᠡᠬᠦᠢᠵᠦ᠂ ᠠᠷᠢᠶᠠᠲᠠᠨ ᠵᠢᠭᠦᠷᠲᠡᠨ ᠴᠦ᠍ ᠭᠡᠲᠦᠯᠦᠨ ᠭᠠᠷᠬᠤᠶ᠎ᠠ ᠪᠡᠷᠬᠡ᠂ ᠵᠡᠪᠡ ᠶ᠋ᠢᠨ ᠠᠮᠠᠨ ᠢ᠋ ᠵᠠᠮᠤᠬ᠎ᠠ ᠴᠢᠩᠳᠠ ᠪᠡᠬᠢᠯᠡᠨ ᠬᠠᠳᠠᠭᠠᠯᠠᠪᠠᠢ᠃ ᠦᠵᠡᠰᠡ ᠵᠠᠮᠤᠬ᠎ᠠ ᠡᠨᠡ ᠠᠷᠭ᠎ᠠ ᠶ᠋ᠢ ᠬᠡᠳᠦᠢᠨᠡᠢ ᠪᠡᠯᠡᠳᠬᠡᠵᠦᠬᠦᠢ᠃ ᠡᠨᠡ ᠭᠣᠣᠯ ᠤ᠋ᠨ ᠨᠡᠷ᠎ᠡ ᠶ᠋ᠢ ᠮᠤᠬᠤᠷ ᠣᠯᠣᠭᠠᠢ ᠭᠣᠣᠯ ᠬᠡᠮᠡᠮᠦᠢ᠃ ᠠᠮᠠᠰᠠᠷ ᠪᠢᠴᠢᠬᠠᠨ ᠬᠠᠪᠴᠢᠭᠠᠢ᠃ ᠲᠡᠳᠦᠢ ᠡᠨᠡ ᠳᠡᠯ ᠬᠠᠳᠠ ᠶ᠋ᠢᠨ ᠴᠢᠯᠠᠭᠤ ᠶ᠋ᠢ ᠴᠠᠪᠴᠢᠨ᠂ ᠴᠢᠯᠠᠭᠤ ᠶ᠋ᠢ ᠠᠨᠤ ᠴᠥᠮ ᠰᠢᠷᠢ ᠳᠡᠭᠡᠰᠦᠨ ᠢ᠋ᠶ᠋ᠡᠷ ᠡᠯᠲᠡᠯᠦᠨ ᠪᠠᠢᠵᠤ ᠴᠠᠪᠴᠢᠵᠤ ᠰᠠᠯᠭᠠᠭᠠᠳ ᠳᠡᠭᠡᠰᠦ ᠶ᠋ᠢ ᠴᠠᠪᠴᠢᠮᠠᠭᠴᠠ ᠴᠥᠮ ᠥᠩᠬᠥᠷᠢᠨ ᠤᠨᠠᠬᠤ ᠪᠠᠷ ᠪᠡᠯᠡᠳᠬᠡᠵᠦ᠂ ᠲᠠᠢᠽᠦ ᠶ᠋ᠢᠨ ᠬᠢᠯᠢᠩ ᠢ᠋ ᠲᠥᠷᠥᠭᠦᠯᠵᠦ ᠡᠲᠦᠭᠡᠨ ᠠᠴᠢᠷᠠᠵᠤ᠂ ᠡᠳᠡᠭᠡᠷ ᠴᠢᠯᠠᠭᠤᠨ ᠢ᠋ᠶ᠋ᠠᠷ ᠳᠠᠭᠠᠷᠢᠭᠤᠯᠤᠨ ᠠᠯᠠᠰᠤᠭᠠᠢ᠃ ᠬᠡᠷᠪᠡ ᠡᠭᠦᠨ ᠡᠴᠡ ᠭᠡᠯᠳᠦᠷᠢᠪᠡᠰᠦ ᠭᠣᠣᠯ ᠤ᠋ᠨ ᠠᠮᠠ ᠶ᠋ᠢ ᠪᠥᠭᠯᠡᠵᠦ᠂ ᠡᠨᠡ ᠭᠣᠣᠯ ᠪᠠᠰᠠ ᠮᠠᠰᠢ ᠬᠠᠭᠤᠷᠠᠢ ᠥᠴᠦᠬᠡᠨ ᠴᠦ᠍ ᠪᠤᠯᠠᠭ ᠤᠷᠤᠰᠬᠠᠯ ᠦᠭᠡᠢ ᠲᠤᠯᠠ ᠣᠯᠠᠨ ᠴᠡᠷᠢᠭ ᠢ᠋ ᠢᠨᠦ ᠬᠠᠲᠠᠭᠠᠨ ᠠᠯᠠᠰᠤᠭᠠᠢ ᠭᠡᠮᠡᠨ ᠲᠤᠰᠬᠠᠢᠯᠠᠨ ᠲᠠᠢᠽᠦ ᠶ᠋ᠢᠨ ᠨᠢᠭᠡᠨ ᠰᠠᠯᠠᠭᠠᠨ ᠤ᠋ ᠴᠡᠷᠢᠭ ᠢ᠋ ᠤᠳᠤᠷᠢᠳᠤᠨ ᠣᠷᠣᠭᠤᠯᠤᠭᠰᠠᠨ ᠠᠵᠤᠭᠤ᠃ ᠲᠡᠳᠦᠢ ᠬᠡᠳᠦᠢᠪᠡᠷ ᠲᠠᠢᠽᠦ ᠶ᠋ᠢᠨ ᠪᠤᠶᠠᠨ ᠢ᠋ᠶ᠋ᠠᠷ ᠨᠤᠷᠠᠬᠤ ᠬᠠᠳᠠ ᠶ᠋ᠢᠨ ᠶᠡᠬᠡ ᠠᠶᠤᠯ ᠠ᠋ᠴᠠ ᠭᠡᠲᠦᠯᠦᠭᠰᠡᠨ ᠪᠣᠯᠪᠠᠴᠤ ᠬᠠᠳᠠᠨ ᠬᠠᠭᠤᠷᠠᠢ ᠮᠤᠬᠤᠷ ᠣᠯᠣᠭᠠᠢ ᠭᠣᠣᠯ ᠳ᠋ᠤᠷ ᠨᠢᠭᠡᠨᠲᠡ ᠬᠠᠭᠠᠭᠳᠠᠨ ᠬᠣᠷᠢᠭ᠍ᠳᠠᠵᠤ ᠪᠥᠭᠯᠡᠭᠳᠡᠨ ᠲᠠᠭᠯᠠᠭᠳᠠᠪᠠᠢ᠃ ᠬᠠᠰᠠᠷ ᠪᠡᠯᠭᠦᠳᠡᠢ ᠬᠣᠶᠠᠭᠤᠯᠠ ᠶ᠋ᠢᠨ ᠴᠡᠷᠢᠭ ᠲᠤᠭᠮᠤᠭ ᠤ᠋ᠨ ᠯᠤᠤ ᠪᠠᠷᠰ ᠬᠣᠶᠠᠷ ᠤ᠋ᠨ ᠴᠡᠷᠢᠭ ᠢ᠋ ᠶᠡᠬᠡᠯ᠎ᠡ ᠳᠠᠷᠤᠵᠤ ᠂ ᠨᠡᠬᠡᠵᠦ ᠰᠢᠭᠤᠳ ᠬᠦᠷᠦ ᠬᠣᠲᠠ ᠶ᠋ᠢᠨ ᠵᠦᠭ ᠠᠯᠠᠨ ᠡᠴᠢᠪᠡ᠃ 
      ᠡᠭᠦᠨ ᠢ᠋ ᠲᠦᠷ ᠵᠣᠭᠰᠣᠵᠤ ᠂ ᠣᠳᠣ ᠪᠠᠷᠠᠭᠤᠨ ᠰᠠᠷᠯᠠᠭ ᠤ᠋ᠨ ᠵᠢᠨᠦᠩ ᠮᠤᠬᠤᠯᠢ ᠶ᠋ᠢᠨ ᠴᠡᠷᠢᠭ ᠢ᠋ ᠬᠡᠯᠡᠬᠦ ᠢᠨᠦ : ᠬᠠᠷᠠᠬᠠᠨ ᠲᠡᠷᠡ ᠤᠳᠠᠭ᠎ᠠ ᠮᠡᠬᠡᠲᠦ ᠬᠠᠭᠠᠨ ᠢ᠋ ᠢᠴᠢᠭᠡᠵᠦ᠂ ᠪᠣᠷᠣ ᠠᠷᠰᠯᠠᠨ ᠢ᠋ ᠵᠠᠨᠴᠢᠭᠤᠯᠤᠨ᠂ ᠮᠡᠬᠡᠲᠦ ᠬᠠᠭᠠᠨ ᠤ᠋ ᠴᠡᠷᠢᠭ ᠡᠭᠡᠵᠦ ᠡᠴᠢᠭᠰᠡᠨ ᠦ᠌ ᠳᠠᠷᠠᠭ᠎ᠠ ᠪᠠᠷ᠂ ᠳᠡᠮᠡᠢ ᠠᠷᠪᠠᠨ ᠬᠣᠨᠣᠭ ᠪᠣᠯᠤᠭᠰᠠᠨ ᠦᠭᠡᠢ ᠳᠥᠷᠪᠡᠨ ᠬᠦᠯᠦᠭ ᠴᠡᠷᠢᠭ ᠢ᠋ᠶ᠋ᠡᠨ ᠲᠡᠭᠰᠢᠯᠡᠨ ᠰᠥᠨᠢ ᠪᠡᠷ ᠮᠥᠷᠡᠨ ᠢ᠋ ᠭᠡᠲᠦᠯᠵᠦ᠂ ᠭᠡᠭᠡᠷᠡᠬᠦ ᠶ᠋ᠢᠨ ᠦᠶ᠎ᠡ ᠳ᠋ᠦ᠍ᠷ ᠪᠣᠷᠣ ᠠᠷᠰᠯᠠᠨ ᠤ᠋ ᠴᠡᠷᠢᠭ ᠦ᠋ᠨ ᠬᠦᠷᠢᠶ᠎ᠡ ᠶ᠋ᠢ ᠰᠣᠴᠢᠮᠠᠲᠠᠭᠠᠢ ᠳᠠᠷᠤᠵᠤ ᠣᠷᠣᠭᠰᠠᠨ᠎ᠠ ᠪᠣᠷᠣ ᠠᠷᠰᠯᠠᠨ ᠪᠤᠬᠤᠷ ᠤ᠋ᠨ ᠰᠢᠷᠬ᠎ᠠ ᠪᠠᠨ ᠲᠡᠮᠲᠡᠷᠢᠵᠦ ᠪᠠᠢᠲᠠᠯ᠎ᠠ ᠰᠣᠳᠣ ᠭᠠᠷᠤᠳᠢ ᠰᠣᠴᠢᠵᠤ ᠭᠠᠷᠲᠠᠯ᠎ᠠ ᠴᠢᠪᠬᠢᠲᠡᠯ᠎ᠡ  ᠪᠤᠭᠤᠷᠵᠢ ᠳ᠋ᠤᠷ ᠤᠴᠠᠷᠠᠵᠤ᠂ ᠴᠠᠪᠴᠢᠭ᠍ᠲᠠᠨ ᠬᠣᠶᠠᠷ ᠠᠩᠭᠢ ᠪᠣᠯᠪᠠ᠃ ᠪᠤᠭᠤᠷᠤᠯ ᠴᠢᠯᠠᠭᠤ ᠬᠠᠮᠲᠤ ᠪᠠᠷ ᠣᠷᠣᠵᠤ ᠂ ᠪᠣᠷᠣ ᠠᠷᠰᠯᠠᠨ ᠢ᠋ ᠬᠠᠭᠠᠵᠤ ᠢᠷᠡᠭᠰᠡᠨ ᠳ᠋ᠦ᠍ᠷ ᠪᠣᠷᠣ ᠠᠷᠰᠯᠠᠨ ᠬᠠᠷᠠᠬᠠᠨ ᠡᠵᠡᠨ ᠳ᠋ᠡᠭᠡᠨ ᠬᠣᠷᠣᠰᠬᠤ ᠴᠠᠭ ᠲᠤᠯᠠ ᠳᠠᠷᠤᠢ ᠳᠤᠭᠤᠯᠠᠭ᠎ᠠ ᠪᠠᠨ ᠠᠪᠴᠤ ᠮᠥᠷᠭᠥᠨ ᠳᠠᠭᠠᠪᠠ ᠃ 
      ᠲᠡᠳᠦᠢ ᠪᠧᠲ᠋ᠠ᠋ ᠤᠯᠤᠰ ᠤ᠋ᠨ ᠴᠡᠷᠢᠭ ᠬᠠᠷᠪᠤᠭᠰᠠᠨ ᠰᠤᠮᠤ ᠮᠡᠲᠦ ᠥᠴᠦᠬᠡᠨ ᠴᠦ᠍ ᠬᠠᠯᠬᠠᠯᠠᠭᠳᠠᠯ ᠦᠭᠡᠢ ᠲᠤᠭᠮᠤᠭ ᠤᠯᠤᠰ ᠤ᠋ᠨ ᠬᠦᠷᠦ ᠬᠣᠲᠠ ᠶ᠋ᠢᠨ ᠣᠢᠷ᠎ᠠ ᠬᠦᠷᠴᠦ ᠢᠷᠡᠭᠡᠳ ᠰᠠᠢ ᠨᠢᠭᠡᠨ ᠡᠳᠦᠷ ᠦ᠋ᠨ ᠵᠠᠮ ᠦᠯᠡᠭᠰᠡᠨ ᠲᠤᠯᠠ ᠮᠤᠬᠤᠯᠢ ᠪᠣᠷᠣ ᠠᠷᠰᠯᠠᠨ ᠳ᠋ᠤᠷ : ᠬᠦᠷᠦ ᠬᠣᠲᠠᠨ ᠢ᠋ ᠣᠯᠤᠭᠰᠠᠨ ᠴᠠᠭ ᠲᠤᠷ ᠴᠢᠮ᠎ᠠ ᠪᠠᠷ ᠡᠵᠡᠯᠡᠭᠦᠯᠦᠮᠦᠢ᠂ ᠴᠢ ᠤᠷᠢᠳᠠ ᠥᠪᠡᠷ ᠦ᠋ᠨ ᠴᠡᠷᠢᠭ ᠬᠠᠭᠠᠰ ᠂ ᠮᠢᠨᠦ ᠴᠡᠷᠢᠭ ᠬᠠᠭᠠᠰ ᠂ ᠴᠢᠯᠠᠭᠤᠨ ᠂ ᠪᠤᠭᠤᠷᠤᠯ ᠬᠣᠶᠠᠭᠤᠯᠠ ᠶ᠋ᠢᠨ ᠬᠠᠮᠲᠤ ᠡᠴᠢᠵᠦ᠂ ᠪᠧᠲ᠋ᠠ᠋ ᠤᠯᠤᠰ ᠤ᠋ᠨ ᠵᠢᠨᠦᠩ ᠮᠤᠬᠤᠯᠢ ᠶ᠋ᠢᠨ ᠲᠣᠯᠣᠭᠠᠢ ᠶ᠋ᠢ ᠠᠪᠴᠢᠷᠠᠪᠠ ᠭᠡᠮᠡᠨ ᠬᠣᠲᠠ ᠳ᠋ᠤᠷ ᠣᠷᠣᠨ ᠳᠠᠭᠠᠯᠳᠤᠭ᠎ᠠ ᠪᠠᠷ ᠮᠢᠨᠦ ᠪᠡᠶ᠎ᠡ ᠪᠤᠭᠤᠷᠵᠢ ᠠᠬᠠᠢ ᠯᠤᠬ᠎ᠠ ᠶᠡᠬᠡ ᠴᠡᠷᠢᠭ ᠢ᠋ ᠠᠪᠴᠤ ᠬᠣᠲᠠ ᠳ᠋ᠤᠷ ᠣᠷᠣᠮᠤᠢ ᠭᠡᠮᠡᠨ ᠶᠠᠪᠤᠭᠤᠯᠤᠭᠠᠳ ᠰᠠᠶᠢ ᠴᠡᠷᠢᠭ ᠬᠥᠳᠡᠯᠲᠡᠯ᠎ᠡ ᠭᠡᠨᠡᠳᠲᠡ ᠴᠢᠬᠡ ᠡᠮᠦᠨ᠎ᠡ ᠡᠴᠡ ᠨᠢᠭᠡᠨ ᠬᠣᠣᠰ ᠬᠠᠳᠠ ᠶ᠋ᠢᠨ ᠴᠠᠭᠠᠨ ᠱᠠᠭᠠᠵᠠᠭᠠᠢ ᠨᠢᠰᠦᠨ ᠢᠷᠡᠵᠦ ᠶᠡᠬᠡ ᠴᠠᠴᠠᠷ ᠲᠤᠷ ᠰᠠᠭᠤᠵᠤ᠂ ᠮᠤᠬᠤᠯᠢ ᠶ᠋ᠢᠨ ᠵᠦᠭ ᠳᠠᠬᠢᠨ ᠳᠠᠬᠢᠨ ᠱᠠᠭᠰᠢᠬᠤᠢ ᠳ᠋ᠤᠷ᠂ ᠮᠤᠬᠤᠯᠢ ᠶᠡᠬᠡᠯ᠎ᠡ ᠰᠡᠵᠢᠭᠯᠡᠵᠦ᠂ ᠨᠤᠮᠤ ᠶ᠋ᠢᠨ ᠬᠥᠪᠴᠢ ᠶ᠋ᠢ ᠴᠢᠪᠬᠠᠳᠠᠨ ᠴᠢᠩᠨᠠᠵᠤ ᠲᠥᠯᠭᠡᠯᠡᠨ ᠦᠵᠡᠪᠡᠰᠦ᠂ ᠬᠥᠪᠴᠢ ᠶ᠋ᠢᠨ ᠳᠠᠭᠤᠨ ᠭᠠᠤᠯᠢᠨ ᠤᠲᠠᠰᠤ ᠮᠡᠲᠦ ᠴᠠᠪᠬᠠᠢ ᠳᠦᠩᠭᠢᠨᠡᠨ ᠳᠠᠭᠤᠷᠢᠰᠬᠤ ᠲᠤᠯᠠ ᠴᠢᠷᠠᠢ ᠠᠯᠳᠠᠵᠤ᠂ ᠪᠤᠭᠤᠷᠵᠢ ᠶ᠋ᠢᠨ ᠵᠦᠭ ᠥᠭᠦᠯᠡᠷᠦᠨ : 《ᠡᠨᠡ ᠯᠠᠪ ᠡᠵᠡᠨ ᠦ᠌ ᠪᠡᠶ᠎ᠡ ᠳ᠋ᠦ᠍ᠷ ᠵᠠᠮ ᠤ᠋ᠨ ᠵᠠᠭᠤᠷ᠎ᠠ ᠴᠢᠬᠤᠯᠠ ᠭᠠᠴᠢᠭ᠍ᠳᠠᠯ ᠪᠣᠯᠪᠠ᠂ ᠠᠬᠠᠢ ᠴᠢ ᠬᠤᠢᠯᠠᠲᠠᠷ ᠬᠣᠰᠢᠭᠤᠴᠢ ᠂ ᠵᠦᠯᠭᠡᠲᠡᠢ ᠪᠠᠭᠠᠲᠤᠷ ᠯᠤᠭ᠎ᠠ ᠲᠤᠭᠮᠤᠭ ᠤ᠋ᠨ ᠬᠦᠷᠦ ᠬᠣᠲᠠ ᠶ᠋ᠢ ᠠᠪᠴᠤ ᠬᠠᠭᠠᠨ ᠢ᠋ ᠠᠨᠤ ᠪᠡᠷᠢ᠂ ᠪᠢ ᠬᠠᠭᠠᠰ ᠴᠡᠷᠢᠭ ᠢ᠋ᠶ᠋ᠡᠷ ᠡᠵᠡᠨ ᠢ᠋ ᠤᠭᠲᠤᠷ᠎ᠠ ᠡᠴᠢᠰᠦᠭᠡᠢ ! 》ᠭᠡᠮᠡᠨ ᠮᠡᠩᠳᠡᠨ ᠰᠡᠩᠳᠡᠨ ᠴᠡᠷᠢᠭ ᠬᠠᠭᠠᠰᠯᠠᠵᠤ᠂ ᠮᠤᠬᠤᠯᠢ ᠡᠮᠦᠨ᠎ᠡ ᠵᠦᠭ ᠳᠣᠪᠲᠣᠯᠪᠠ᠃ ᠲᠡᠭᠦᠨᠴᠡ ᠮᠤᠬᠤᠯᠢ ᠡᠮᠦᠨ᠎ᠡ ᠵᠦᠭ ᠰᠠᠶᠢ ᠨᠢᠭᠡᠨ ᠬᠣᠨᠣᠭ ᠤ᠋ᠨ ᠵᠠᠮ ᠭᠠᠷᠲᠠᠯ᠎ᠠ ᠵᠠᠮᠤᠬ᠎ᠠ ᠶ᠋ᠢᠨ ᠴᠡᠷᠢᠭ ᠲᠠᠢᠽᠦ ᠶ᠋ᠢ ᠪᠢᠲᠡᠭᠦᠦ ᠮᠤᠬᠤᠷ ᠣᠯᠣᠭᠠᠢ ᠭᠣᠣᠯ ᠳ᠋ᠤᠷ ᠬᠣᠷᠢᠵᠤ ᠠᠪᠤᠭᠠᠳ ᠮᠡᠬᠡᠲᠦ ᠬᠠᠭᠠᠨ ᠳ᠋ᠤᠷ ᠪᠠᠶᠠᠷ ᠤ᠋ᠨ ᠮᠡᠳᠡᠭᠡ ᠪᠠᠷᠢᠵᠤ ᠂ ᠪᠠᠰᠠ ᠴᠡᠷᠢᠭ ᠨᠡᠮᠡᠬᠦ ᠶ᠋ᠢ ᠭᠤᠶᠤᠨ ᠮᠡᠳᠡᠭᠦᠯᠬᠦ ᠪᠡᠷ ᠢᠯᠡᠭᠡᠭᠰᠡᠨ ᠭᠤᠷᠪᠠᠨ ᠴᠡᠷᠢᠭ ᠦ᠋ᠨ ᠬᠥᠮᠦᠨ ᠳ᠋ᠦ᠍ᠷ ᠤᠴᠠᠷᠠᠭᠠᠳ ᠴᠥᠮ ᠪᠠᠷᠢᠭᠤᠯᠵᠤ᠂ ᠤᠴᠢᠷ ᠢ᠋ ᠣᠯᠵᠤ ᠰᠣᠨᠣᠰᠤᠭᠠᠳ ᠮᠤᠬᠤᠯᠢ ᠲᠡᠭᠷᠢ ᠶ᠋ᠢᠨ ᠵᠦᠭ ᠠᠯᠠᠭ᠎ᠠ ᠪᠠᠨ ᠬᠠᠮᠲᠤᠳᠬᠠᠨ ᠥᠭᠦᠯᠡᠷᠦᠨ : 《ᠲᠡᠭᠷᠢ ᠦᠨᠡᠬᠡᠷ ᠡᠵᠡᠨ ᠢ᠋ ᠮᠢᠨᠦ ᠦᠯᠦ ᠮᠥᠬᠥᠭᠡᠮᠦᠢ ! 》 ᠬᠡᠮᠡᠭᠡᠳ ᠪᠠᠷᠢᠭ᠍ᠰᠠᠨ ᠭᠤᠷᠪᠠᠨ ᠴᠡᠷᠢᠭ ᠲᠦ᠍ᠷ ᠥᠨᠥᠬᠡᠨ ᠳᠠᠭᠠᠭᠰᠠᠨ ᠪᠣᠷᠣ ᠠᠷᠰᠯᠠᠨ ᠤ᠋ ᠳᠠᠭᠠᠭᠰᠠᠨ ᠴᠡᠷᠢᠭ ᠢ᠋ ᠦᠵᠡᠭᠦᠯᠵᠦ ᠥᠭᠦᠯᠡᠷᠦᠨ : 《ᠪᠢᠳᠡ ᠬᠡᠳᠦᠢᠨᠡᠢ ᠲᠠᠨ ᠤ᠋ ᠬᠣᠲᠠ ᠶ᠋ᠢ ᠠᠪᠴᠤ ᠬᠠᠭᠠᠨ ᠢ᠋ ᠴᠢᠨᠦ ᠠᠯᠠᠵᠤ᠂ ᠴᠡᠷᠢᠭ ᠴᠢᠨᠦ ᠴᠥᠮ ᠳᠠᠭᠠᠭᠰᠠᠨ ᠢ᠋ ᠦᠵᠡᠬᠦ ᠦᠭᠡᠢ ᠦᠦ ?  ᠲᠠ ᠴᠥᠮ ᠬᠣᠲᠠ ᠶ᠋ᠢᠨ ᠳᠣᠲᠣᠷᠠᠬᠢ ᠬᠥᠮᠦᠨ ᠂ ᠲᠠᠨ ᠤ᠋ ᠡᠮ᠎ᠡ ᠦᠷ᠎ᠡ ᠪᠠᠰᠠ ᠴᠥᠮ ᠬᠣᠲᠠ ᠳᠣᠲᠣᠷ᠎ᠠ ᠪᠣᠢ ᠶ᠋ᠢᠨ ᠣᠴᠢᠷ᠎ᠠ᠂ ᠴᠢ ᠳᠠᠷᠤᠢ ᠡᠭᠡᠵᠦ ᠵᠠᠮᠤᠬ᠎ᠠ ᠳ᠋ᠤᠷ ᠢ᠋ᠶ᠋ᠠᠨ ᠬᠡᠯᠡ᠂ ᠮᠠᠨ ᠤ᠋ ᠬᠠᠭᠠᠨ ᠪᠡᠶ᠎ᠡ ᠪᠡᠷ ᠴᠡᠷᠢᠭ ᠠᠪᠴᠤ ᠲᠤᠰᠠᠯᠠᠷ᠎ᠠ ᠠᠢᠰᠤᠢ᠂ ᠵᠠᠮ ᠳ᠋ᠤᠷ ᠤᠴᠠᠷᠠᠪᠠ ᠬᠡᠮᠡᠭᠲᠦᠨ ᠂ ᠬᠡᠷᠪᠡ ᠵᠠᠮᠤᠬ᠎ᠠ ᠶ᠋ᠢ ᠣᠯᠵᠤ ᠪᠠᠷᠢᠭ᠍ᠰᠠᠨ ᠴᠠᠭ ᠲᠤᠷ ᠲᠠ ᠭᠤᠷᠪᠠᠭᠤᠯᠠ ᠶ᠋ᠢ ᠬᠦᠨᠳᠦᠳᠡ ᠡᠷᠭᠦᠰᠦᠭᠡᠢ᠃ ᠬᠡᠷᠪᠡ ᠦᠭᠡ ᠵᠠᠳᠠᠷᠠᠪᠠᠰᠤ ᠂ ᠲᠠᠨ ᠤ᠋ ᠡᠮ᠎ᠡ ᠦᠷ᠎ᠡ ᠶ᠋ᠢ ᠴᠥᠮ ᠬᠦᠢᠰᠦ ᠲᠠᠮᠲᠠᠷᠢᠮᠤᠢ !  》ᠬᠡᠮᠡᠭᠰᠡᠨ ᠳ᠋ᠦ᠍ᠷ ᠭᠤᠷᠪᠠᠨ ᠬᠥᠮᠦᠨ ᠶᠡᠬᠡᠯ᠎ᠡ ᠦᠨᠡᠮᠰᠢᠵᠦ ᠳᠤᠷᠠᠲᠠᠶ᠎ᠠ ᠲᠠᠩᠭᠠᠷᠢᠭ᠍ᠯᠠᠨ ᠬᠦᠯᠢᠶᠡᠵᠦ ᠡᠭᠡᠵᠦ ᠳᠣᠪᠲᠣᠯᠪᠠ᠃ ᠳᠠᠭᠠᠯᠳᠤᠬ᠎ᠠ ᠮᠤᠬᠤᠯᠢ ᠲᠤᠭᠮᠤᠭ ᠤ᠋ᠨ ᠲᠤᠭ ᠬᠢᠭᠢᠷᠢ ᠶ᠋ᠢ ᠡᠮᠦᠨ᠎ᠡ ᠪᠡᠨ ᠪᠠᠷᠢᠭᠤᠯᠵᠤ ᠂ ᠰᠥᠨᠢ ᠳᠦᠯᠢ ᠳ᠋ᠦ᠍ᠷ ᠮᠤᠬᠤᠷ ᠣᠯᠣᠭᠠᠢ ᠠᠭᠤᠯᠠᠨ ᠳ᠋ᠤᠷ ᠳᠣᠪᠲᠣᠯᠤᠨ ᠬᠦᠷᠴᠦ ᠠᠭᠤᠯᠠᠨ ᠤ᠋ ᠬᠥᠮᠦᠭᠡ ᠥᠭᠡᠳᠡ ᠶᠠᠪᠤᠬᠤᠶ᠎ᠠ᠂  ᠵᠠᠮᠤᠬ᠎ᠠ ᠬᠡᠳᠦᠢᠨᠡᠢ ᠶᠡᠬᠡ ᠭᠠᠯ ᠬᠥᠭᠵᠢᠭᠡᠵᠦ᠂ ᠭᠡᠷᠡᠯ ᠭᠠᠷᠭᠠᠭᠠᠳ ᠤᠭᠲᠤᠨ ᠢᠷᠡᠬᠦᠶ᠎ᠡ᠂ ᠮᠤᠬᠤᠯᠢ ᠶᠡᠬᠡᠯ᠎ᠡ ᠪᠠᠶᠠᠷᠯᠠᠨ ᠨᠤᠮᠤ ᠰᠤᠮᠤ ᠪᠠᠨ ᠰᠤᠭᠤᠯᠵᠤ ᠤᠷᠤᠭᠰᠢᠯᠠᠨ ᠵᠣᠭᠰᠣᠵᠤ ᠬᠦᠯᠢᠶᠡᠨ ᠠᠲᠠᠯ᠎ᠠ  ᠵᠠᠮᠤᠬ᠎ᠠ ᠶ᠋ᠢᠨ ᠡᠮᠦᠨᠡᠭᠦᠷ ᠨᠢᠭᠡᠨ ᠣᠭᠣᠯᠢ ᠰᠢᠪᠠᠭᠤ ᠵᠠᠵᠢᠭᠢᠨᠠᠨ ᠢᠨᠢᠶᠡᠵᠦ᠂ ᠬᠥᠨᠳᠡᠯᠡᠨ ᠢ᠋ᠶ᠋ᠡᠷ ᠨᠢᠰᠦᠨ ᠥᠩᠭᠡᠷᠡᠭᠰᠡᠨ ᠳ᠋ᠦ᠍ᠷ ᠵᠠᠮᠤᠬ᠎ᠠ ᠬᠡᠮᠡᠭᠴᠢ ᠮᠠᠰᠢ ᠰᠡᠷᠭᠡᠢ ᠵᠠᠯᠢᠬᠠᠢ ᠬᠥᠮᠦᠨ ᠲᠤᠯᠠ ᠶᠠᠭᠠᠷᠠᠨ ᠵᠣᠭᠰᠣᠵᠤ᠂ ᠣᠢᠷ᠎ᠠ ᠶᠠᠪᠤᠬᠤ ᠨᠢᠭᠡᠨ ᠬᠥᠮᠦᠨ ᠢ᠋ᠶ᠋ᠡᠨ ᠤᠷᠢᠳᠠ ᠦᠵᠡᠭᠦᠯᠦᠷ᠎ᠡ ᠵᠠᠷᠤᠪᠠ᠃ ᠲᠡᠷᠡ ᠬᠥᠮᠦᠨ ᠲᠡᠨᠳᠡ ᠬᠦᠷᠦᠮᠡᠭᠴᠡ ᠮᠠᠭᠤ ᠳᠠᠭᠤᠨ ᠭᠠᠷᠴᠤ ᠡᠭᠡᠵᠦ ᠳᠤᠲᠠᠭᠠᠲᠠᠯ᠎ᠠ ᠮᠤᠬᠤᠯᠢ ᠬᠡᠳᠦᠢᠨᠡᠢ ᠬᠠᠷᠪᠤᠵᠤ ᠤᠨᠠᠭᠠᠭᠠᠳ ᠦᠵᠡᠪᠡᠰᠦ ᠶᠠᠭᠤᠨᠠᠢ ᠵᠠᠮᠤᠬ᠎ᠠ ᠠᠵᠢ ᠂ ᠨᠢᠭᠡᠨ ᠰᠤᠯᠠ ᠴᠡᠷᠢᠭ ᠠᠵᠤᠭᠤ ! ᠡᠭᠦᠨ ᠳ᠋ᠦ᠍ᠷ ᠵᠠᠮᠤᠬ᠎ᠠ ᠶᠡᠬᠡᠯ᠎ᠡ ᠠᠶᠤᠵᠤ ᠡᠭᠡᠵᠦ ᠳᠤᠲᠠᠭᠠᠬᠤᠶ᠎ᠠ᠂ ᠮᠤᠬᠤᠯᠢ ᠳᠠᠷᠤᠢ ᠫᠤᠤ ᠲᠠᠯᠪᠢᠭᠤᠯᠵᠤ᠂ ᠶᠡᠬᠡ ᠴᠡᠷᠢᠭ ᠳᠠᠷᠤᠨ ᠣᠷᠣᠵᠤ ᠵᠠᠮᠤᠬ᠎ᠠ ᠶ᠋ᠢᠨ ᠬᠦᠷᠢᠶᠡᠨ ᠢ᠋ ᠪᠤᠯᠢᠶᠠᠨ ᠠᠪᠤᠪᠠ᠃ ᠡᠨᠡ ᠦᠶ᠎ᠡ ᠳ᠋ᠦ᠍ᠷ ᠵᠠᠮᠤᠬ᠎ᠠ ᠵᠠᠮ ᠦᠭᠡᠢ ᠪᠡᠷᠬᠡ ᠭᠠᠵᠠᠷ ᠢ᠋ᠶ᠋ᠠᠷ ᠰᠢᠪᠳᠤᠷᠤᠨ ᠣᠷᠣᠵᠤ ᠵᠠᠪ ᠡᠷᠢᠨ ᠶᠠᠪᠤᠬᠤᠶ᠎ᠠ᠂ ᠥᠪᠡᠷ ᠦ᠋ᠨ ᠨᠢᠭᠡᠨ ᠰᠦᠷᠦᠭ ᠪᠤᠲᠠᠷᠠᠭᠰᠠᠨ ᠴᠡᠷᠢᠭ ᠲᠦ᠍ᠷ ᠢ᠋ᠶ᠋ᠡᠨ ᠤᠴᠠᠷᠠᠵᠤ᠂ ᠬᠦᠷᠢᠶ᠎ᠡ ᠨᠢᠭᠡᠨᠲᠡ ᠠᠪᠲᠠᠪᠠ ᠭᠡᠮᠡᠨ ᠰᠣᠨᠣᠰᠴᠤ ᠰᠥᠨᠢ ᠳᠦᠯᠢᠨ ᠬᠡᠷᠡᠢᠳ ᠤᠯᠤᠰ ᠤ᠋ᠨ ᠵᠦᠭ ᠬᠤᠯᠤᠭᠠᠨ᠎ᠠ ᠮᠡᠲᠦ ᠪᠤᠷᠤᠭᠤᠯᠠᠨ ᠡᠴᠢᠪᠡ᠃ ᠲᠡᠭᠦᠨᠴᠡ ᠮᠤᠬᠤᠯᠢ ᠵᠠᠮᠤᠬ᠎ᠠ ᠶ᠋ᠢ ᠡᠷᠢᠬᠦ ᠶ᠋ᠢ ᠶᠠᠭᠠᠷᠠᠬᠤ ᠦᠭᠡᠢ᠂ ᠤᠷᠢᠳᠠ ᠵᠡᠪᠡ ᠶ᠋ᠢᠨ ᠠᠮᠠᠨ ᠢ᠋ ᠪᠥᠭᠯᠡᠭᠰᠡᠨ ᠢ᠋ ᠡᠪᠳᠡᠯᠡᠭᠦᠯᠦᠨ ᠥᠪᠡᠷ ᠢ᠋ᠶ᠋ᠡᠨ ᠳᠣᠪᠲᠣᠯᠵᠤ᠂ ᠲᠠᠢᠽᠦ ᠶ᠋ᠢᠨ ᠬᠠᠭᠠᠭᠳᠠᠭᠰᠠᠨ ᠭᠠᠵᠠᠷ ᠲᠤᠷ ᠬᠦᠷᠴᠦ ᠮᠥᠷᠭᠥᠨ ᠵᠣᠯᠭᠠᠵᠤ᠂ ᠲᠠᠢᠽᠦ ᠤᠰᠤ ᠦᠭᠡᠢ ᠬᠠᠭᠤᠷᠠᠢ ᠭᠣᠣᠯ ᠳ᠋ᠤᠷ ᠬᠣᠷᠢᠭ᠍ᠳᠠᠨ ᠬᠠᠭᠠᠭᠳᠠᠵᠤ᠂ ᠰᠢᠳᠠᠷ ᠠᠷᠠᠳ ᠤ᠋ᠨ ᠠᠪᠴᠤ ᠶᠠᠪᠤᠬᠤ ᠤᠰᠤᠨ ᠤ᠋ ᠬᠣᠪᠤᠳ ᠪᠠᠢᠪᠠᠴᠤ ᠬᠡᠷᠬᠢᠪᠡᠴᠦ ᠤᠤᠭᠤᠬᠤ ᠦᠭᠡᠢ᠂ ᠣᠯᠠᠨ ᠴᠡᠷᠢᠭ ᠯᠦ᠍ᠭᠡ ᠨᠢᠭᠡᠨ ᠠᠳᠠᠯᠢ ᠵᠢᠷᠭᠡᠨ ᠬᠡᠮᠡᠬᠦ ᠢᠰᠬᠦᠯᠡᠩ ᠡᠪᠡᠰᠦ ᠶ᠋ᠢ ᠲᠡᠭᠦᠵᠦ ᠵᠠᠵᠢᠯᠤᠨ ᠤᠮᠳᠠ ᠬᠠᠷᠢᠭᠤᠯᠵᠤ᠂ ᠬᠣᠶᠠᠷ ᠡᠳᠦᠷ ᠬᠣᠶᠠᠷ ᠰᠥᠨᠢ ᠪᠣᠯᠪᠠ᠃ ᠡᠭᠦᠨ ᠳ᠋ᠦ᠍ᠷ ᠮᠤᠬᠤᠯᠢ ᠲᠠᠢᠽᠦ ᠶ᠋ᠢᠨ ᠡᠪᠦᠳᠦᠭ ᠢ᠋ ᠲᠡᠪᠡᠷᠢᠨ ᠤᠬᠢᠯᠠᠨ ᠮᠥᠷᠭᠥᠵᠦ ᠡᠢᠨ ᠭᠡᠮᠡᠨ ᠮᠡᠳᠡᠭᠦᠯᠦᠷᠦᠨ : 《ᠡᠵᠡᠨ ᠮᠢᠨᠦ ᠡᠨᠡ ᠮᠡᠲᠦ ᠴᠡᠷᠢᠭ ᠢ᠋ᠶ᠋ᠡᠨ ᠡᠨᠡᠷᠢᠬᠦᠢ ᠳ᠋ᠦ᠍ᠷ ᠡᠮᠦᠨ᠎ᠡ ᠶᠠᠪᠤᠭᠴᠢ ᠪᠣᠭᠣᠯ ᠪᠢᠳᠡ ᠶᠠᠮᠪᠠᠷ ᠵᠣᠪᠠᠬᠤ ᠭᠠᠵᠠᠷ ᠪᠣᠢ ! ᠡᠳᠡᠭᠡᠷ ᠶᠠᠪᠤᠳᠠᠯ ᠳ᠋ᠤᠷ ᠡᠵᠡᠨ ᠦ᠌ ᠲᠥᠷᠥ ᠶᠠᠷᠠᠭᠳᠠᠭᠠᠨ ᠪᠦᠲᠦᠮᠦᠢ᠂ ᠡᠭᠦᠨ ᠡᠴᠡ ᠤᠯᠠᠮ ᠰᠢᠮᠳᠠᠵᠤ ᠳᠠᠪᠲᠠᠨ ᠰᠢᠨᠡᠳᠬᠡᠪᠡᠰᠦ  ᠵᠣᠬᠢᠮᠤᠢ !》 ᠬᠡᠮᠡᠵᠦ᠂ ᠪᠦᠭᠦᠳᠡᠭᠡᠷ ᠵᠡᠪᠡ ᠶ᠋ᠢᠨ ᠠᠮᠠᠨ ᠠ᠋ᠴᠠ ᠭᠠᠷᠴᠤ ᠴᠡᠷᠢᠭ ᠮᠣᠷᠢᠨ ᠢ᠋ ᠠᠯᠭᠤᠷ ᠤᠰᠤᠯᠠᠵᠤ ᠰᠠᠶᠢ ᠪᠤᠳᠠᠬ᠎ᠠ ᠴᠢᠨᠠᠵᠤ ᠬᠣᠶᠠᠷ ᠠᠩᠭᠢ ᠴᠡᠷᠢᠭ ᠬᠠᠮᠲᠤ ᠪᠠᠷ ᠪᠤᠳᠠᠭᠠᠯᠠᠵᠤ᠂ ᠵᠢᠴᠢ ᠥᠷᠯᠥᠭᠡ ᠳᠠᠷᠤᠢ ᠲᠤᠭᠮᠤᠭ ᠤ᠋ᠨ ᠬᠦᠷᠦ ᠬᠣᠲᠠ ᠶ᠋ᠢᠨ ᠵᠦᠭ ᠣᠷᠣᠪᠠ᠃ ᠡᠨᠡ ᠦᠶ᠎ᠡ ᠳ᠋ᠦ᠍ᠷ ᠪᠤᠭᠤᠷᠤᠯ ᠂ ᠴᠢᠯᠠᠭᠤ ᠨᠠᠷ ᠪᠣᠷᠣ ᠠᠷᠰᠯᠠᠨ ᠢ᠋ ᠠᠪᠴᠤ ᠬᠦᠷᠦ ᠬᠣᠲᠠ ᠳ᠋ᠤᠷ ᠣᠷᠣᠵᠤ᠂ ᠳᠠᠭᠠᠯᠳᠤᠭ᠎ᠠ ᠪᠤᠭᠤᠷᠵᠢ ᠶ᠋ᠢᠨ ᠶᠡᠬᠡ ᠴᠡᠷᠢᠭ ᠮᠥᠨ ᠴᠢᠪ ᠴᠢᠮᠡᠭᠡ ᠦᠭᠡᠢ ᠪᠡᠷ ᠬᠦᠷᠴᠦ ᠬᠣᠲᠠ ᠳ᠋ᠤᠷ ᠣᠷᠣᠵᠤ ᠡᠴᠢᠪᠡ᠃ ᠡᠨᠡ ᠦᠶ᠎ᠡ ᠳ᠋ᠦ᠍ ᠮᠡᠬᠡᠲᠦ ᠬᠠᠭᠠᠨ ᠮᠠᠨᠠᠷᠠᠨ ᠰᠣᠭᠲᠣᠵᠤ ᠤᠯᠤᠰ ᠲᠥᠷᠥ ᠶ᠋ᠢᠨ ᠶᠠᠮᠪᠠᠷᠪᠠ ᠬᠡᠷᠡᠭ ᠢ᠋ ᠴᠦ᠍ ᠨᠢᠭᠡᠮᠦᠰᠦᠨ ᠰᠣᠨᠣᠰᠬᠤ ᠦᠭᠡᠢ ᠪᠣᠯᠤᠭᠠᠳ ᠡᠳᠦᠷ ᠰᠥᠨᠢ ᠦᠭᠡᠢ ᠣᠯᠠᠨ ᠡᠮᠡᠰ ᠢ᠋ᠶ᠋ᠡᠷ ᠢ᠋ᠶ᠋ᠡᠨ ᠬᠦᠷᠢᠶᠡᠯᠡᠭᠦᠯᠦᠨ ᠬᠤᠷᠢᠮᠯᠠᠵᠤ᠂ ᠰᠠᠭ ᠮᠣᠳᠣᠨ ᠤ᠋ ᠭᠦᠨ ᠰᠢᠭᠤᠢ ᠳ᠋ᠤᠷ ᠴᠢᠷᠠᠮ᠎ᠠ ᠨᠢᠴᠦᠭᠦᠯᠡᠯᠴᠡᠨ ᠠᠷᠢᠬᠢ ᠤᠤᠭᠤᠨ ᠴᠡᠩᠭᠡᠯᠳᠦᠬᠦᠶ᠎ᠡ᠂ ᠭᠡᠨᠡᠳᠲᠡ ᠬᠣᠲᠠᠨ ᠤ᠋ ᠳᠣᠲᠣᠷ᠎ᠠ ᠫᠤᠤ ᠲᠤᠤᠭᠠᠷᠤᠨ᠂ ᠬᠡᠩᠭᠡᠷᠭᠡ ᠳᠦᠴᠢᠭᠢᠨᠡᠨ ᠴᠡᠷᠢᠭ ᠬᠠᠰᠬᠢᠷᠤᠨ ᠬᠥᠮᠦᠨ ᠦᠢᠮᠡᠯᠴᠡᠨ ᠲᠣᠭᠣᠭᠠᠨ ᠤ᠋ ᠤᠰᠤ ᠪᠤᠴᠠᠯᠬᠤ ᠮᠡᠲᠦ ᠪᠤᠷᠬᠢᠷᠠᠯᠳᠤᠵᠤ᠂ ᠪᠧᠲ᠋ᠠ᠋ ᠤᠯᠤᠰ ᠤ᠋ᠨ ᠴᠡᠷᠢᠭ ᠪᠣᠷᠣ ᠠᠷᠰᠯᠠᠨ ᠯᠤᠭ᠎ᠠ ᠬᠣᠲᠠ ᠳ᠋ᠤᠷ ᠣᠷᠣᠪᠠ ᠬᠡᠮᠡᠬᠦᠢ ᠳ᠋ᠦ᠍ᠷ ᠮᠡᠬᠡᠲᠦ ᠬᠠᠭᠠᠨ ᠤ᠋ ᠮᠡᠬᠡ ᠢᠨᠦ ᠨᠢᠭᠡᠨᠲᠡ ᠵᠠᠪᠬᠠᠵᠤ᠂ ᠨᠢᠴᠦᠭᠦᠨ ᠪᠡᠶ᠎ᠡ ᠳ᠋ᠦ᠍ᠷ ᠬᠤᠶᠠᠭ ᠡᠮᠦᠰᠴᠦ ᠬᠡᠳᠦᠬᠡᠨ ᠵᠠᠭᠤᠨ ᠰᠢᠳᠠᠷ ᠴᠡᠷᠢᠭ ᠢ᠋ᠶ᠋ᠡᠨ ᠠᠪᠴᠤ ᠳᠣᠲᠣᠭᠠᠳᠤ ᠬᠣᠲᠠ ᠶ᠋ᠢᠨ ᠬᠣᠢᠲᠤ ᠬᠠᠭᠠᠯᠭ᠎ᠠ ᠪᠠᠷ ᠭᠠᠷᠤᠨ ᠶᠡᠬᠡ ᠬᠣᠲᠠ ᠶ᠋ᠢᠨ ᠵᠡᠭᠦᠨ ᠬᠠᠭᠠᠯᠭ᠎ᠠ ᠪᠠᠷ ᠳᠤᠲᠠᠭᠠᠪᠠ᠃ ᠪᠤᠭᠤᠷᠵᠢ ᠨᠢᠭᠡᠨᠲᠡᠭᠡᠭᠦᠷ ᠬᠣᠲᠠ ᠶ᠋ᠢ ᠬᠤᠷᠢᠶᠠᠮᠵᠢᠯᠠᠨ ᠲᠣᠭᠲᠠᠭᠠᠵᠤ᠂ ᠨᠢᠭᠡᠨᠲᠡᠭᠡᠭᠦᠷ ᠲᠠᠢᠽᠦ ᠶ᠋ᠢᠨ ᠮᠡᠳᠡᠭᠡ ᠶ᠋ᠢ ᠠᠪᠤᠭᠤᠯᠤᠷ᠎ᠠ ᠵᠥᠯᠭᠡᠲᠡᠢ ᠪᠠᠭᠠᠲᠤᠷ ᠢ᠋ ᠳᠣᠪᠲᠣᠯᠭᠠᠪᠠ᠃ ᠡᠨᠡ ᠦᠶ᠎ᠡ ᠳ᠋ᠦ᠍ᠷ ᠪᠡᠯᠭᠦᠳᠡᠢ᠂ ᠬᠠᠰᠠᠷ ᠬᠣᠶᠠᠷ ᠨᠣᠶᠠᠨ ᠤ᠋ ᠴᠡᠷᠢᠭ ᠲᠤᠭᠮᠤᠭ ᠤ᠋ᠨ ᠯᠤᠤ ᠪᠠᠷᠰ ᠬᠣᠶᠠᠭᠤᠯᠠ ᠶ᠋ᠢ ᠲᠠᠯᠪᠢᠯ ᠦᠭᠡᠢ ᠨᠡᠬᠡᠭᠰᠡᠭᠡᠷ ᠬᠣᠶᠠᠷ ᠴᠡᠷᠢᠭ ᠢ᠋ ᠬᠠᠮᠲᠤ ᠪᠠᠷ ᠠᠨᠢᠷ ᠤᠰᠤ ᠬᠡᠮᠡᠬᠦ ᠭᠣᠣᠯ ᠳ᠋ᠤᠷ ᠬᠠᠭᠠᠵᠤ ᠠᠪᠤᠭᠠᠳ ᠰᠥᠪᠡᠬᠡᠲᠡᠢ ᠪᠠᠭᠠᠲᠤᠷ ᠠᠨᠤ ᠭᠠᠯᠵᠠᠭᠤ ᠪᠠᠷᠰ ᠢ᠋ ᠠᠮᠢᠳᠤ ᠪᠠᠷᠢᠭᠠᠳ ᠭᠢᠯᠦᠭᠡᠨ ᠪᠠᠭᠠᠲᠤᠷ ᠰᠣᠭᠲᠣᠭᠤ ᠯᠤᠤ ᠶ᠋ᠢ ᠴᠠᠪᠴᠢᠨ ᠠᠯᠠᠵᠤ᠂ ᠬᠣᠶᠠᠷ ᠠᠩᠭᠢ ᠴᠡᠷᠢᠭ ᠢ᠋ ᠴᠥᠮ ᠳᠠᠭᠠᠭᠤᠯᠵᠤ᠂ ᠳᠠᠷᠤᠢ ᠲᠤᠭᠮᠤᠭ ᠤ᠋ᠨ ᠲᠤᠭ ᠬᠢᠭᠢᠷᠢ ᠶ᠋ᠢ ᠪᠠᠷᠢᠭᠤᠯᠵᠤ ᠬᠣᠲᠠ ᠶ᠋ᠢ ᠠᠨᠤ ᠠᠪᠤᠷ᠎ᠠ ᠡᠴᠢᠬᠦᠶ᠎ᠡ᠂ ᠬᠦᠷᠦ ᠬᠣᠲᠠ ᠶ᠋ᠢᠨ ᠵᠡᠭᠦᠨ ᠡᠲᠡᠭᠡᠳ ᠲᠠᠪᠢᠨ ᠭᠠᠵᠠᠷ ᠤ᠋ᠨ ᠡᠴᠦᠰ ᠲᠦ᠍ᠷ ᠪᠠᠰᠠ ᠨᠢᠭᠡᠨ ᠰᠠᠯᠠᠭᠠᠨ ᠤ᠋  ᠲᠤᠭᠮᠤᠭ ᠤ᠋ᠨ ᠴᠡᠷᠢᠭ ᠲᠦ᠍ᠷ ᠤᠴᠠᠷᠠᠪᠠ᠃ ᠴᠡᠷᠢᠭ ᠬᠡᠳᠦᠢ ᠣᠯᠠᠨ ᠦᠭᠡᠢ ᠪᠣᠯᠪᠠᠴᠤ ᠴᠥᠮ ᠥᠩᠭᠡᠲᠦ ᠬᠤᠶᠠᠭ ᠰᠠᠢᠨ ᠮᠣᠷᠢᠳ ᠲᠤᠯᠠ ᠬᠠᠰᠠᠷ ᠂ ᠪᠡᠯᠭᠦᠳᠡᠢ ᠶ᠋ᠢᠨ ᠬᠣᠶᠠᠷ ᠬᠣᠰᠢᠭᠤᠴᠢ ᠰᠥᠪᠡᠭᠡᠲᠡᠢ ᠭᠢᠯᠦᠭᠡᠨ ᠬᠣᠶᠠᠷ ᠪᠠᠭᠠᠲᠤᠷ ᠭᠠᠢᠬᠠᠨ ᠦᠵᠡᠬᠦᠶ᠎ᠡ ᠂ ᠴᠢᠨᠠᠳᠤ ᠡᠲᠡᠭᠡᠳ ᠲᠣᠷ ᠥᠪᠡᠷ ᠦ᠋ᠨ ᠤᠯᠤᠰ ᠤ᠋ᠨ ᠲᠤᠭ ᠲᠡᠮᠳᠡᠭ ᠪᠠᠢᠬᠤ ᠶ᠋ᠢ ᠣᠯᠵᠤ ᠦᠵᠡᠭᠡᠳ ᠶᠡᠬᠡᠯ᠎ᠡ ᠪᠠᠶᠠᠷᠯᠠᠨ ᠳᠣᠪᠲᠣᠯᠤᠨ ᠬᠦᠷᠴᠦ ᠢᠷᠡᠨ᠂ ᠰᠥᠪᠡᠭᠡᠲᠡᠢ ᠭᠢᠯᠦᠭᠡᠨ ᠬᠣᠶᠠᠭᠤᠯᠠ ᠶᠡᠬᠡᠯ᠎ᠡ ᠪᠠᠶᠠᠷᠯᠠᠨ ᠪᠤᠯᠢᠶᠠᠯᠳᠤᠨ ᠣᠷᠣᠵᠤ ᠪᠠᠢᠯᠳᠤᠲᠠᠯ᠎ᠠ ᠬᠣᠢᠯᠠᠳᠠᠷ ᠬᠣᠰᠢᠭᠤᠴᠢ ᠲᠡᠷᠡ ᠴᠡᠷᠢᠭ ᠦ᠋ᠨ ᠰᠡᠭᠦᠯ ᠢ᠋ ᠳᠠᠷᠤᠨ ᠨᠡᠬᠡᠨ ᠬᠦᠷᠴᠦ ᠢᠷᠡᠭᠡᠳ ᠭᠤᠷᠪᠠᠨ ᠡᠲᠡᠭᠡᠳ ᠮᠡᠬᠡᠲᠦ ᠬᠠᠭᠠᠨ ᠢ᠋ ᠪᠤᠯᠢᠶᠠᠯᠳᠤᠨ ᠪᠠᠢᠯᠳᠤᠬᠤᠶ᠎ᠠ ᠂ ᠬᠠᠰᠠᠷ ᠂ ᠪᠡᠯᠭᠦᠳᠡᠢ ᠂ ᠵᠣᠴᠢ ᠂ ᠴᠠᠭᠠᠲᠠᠢ ᠂ ᠠᠴᠢ ᠠᠪᠠᠭ᠎ᠠ ᠨᠠᠷ ᠤ᠋ᠨ ᠴᠡᠷᠢᠭ ᠪᠠᠰᠠ ᠬᠦᠷᠴᠦ ᠢᠷᠡᠭᠰᠡᠨ ᠳ᠋ᠦ᠍ᠷ ᠮᠡᠬᠡᠲᠦ ᠬᠠᠭᠠᠨ ᠭᠡᠳᠡᠷᠭᠦ  ᠪᠧᠲ᠋ᠠ᠋ ᠤᠯᠤᠰ ᠲᠤᠷ ᠮᠡᠬᠡᠯᠡᠭᠳᠡᠭᠰᠡᠨ ᠢ᠋ᠶ᠋ᠡᠨ ᠮᠡᠳᠡᠵᠦ᠂ ᠰᠠᠶᠢ ᠵᠠᠮ ᠡᠷᠢᠨ ᠰᠢᠷᠭᠤᠯᠠᠨ ᠭᠠᠷᠲᠠᠯ᠎ᠠ ᠴᠢᠪᠬᠢᠲᠡᠯ᠎ᠡ ᠵᠣᠴᠢ ᠳ᠋ᠤᠷ ᠤᠴᠠᠷᠠᠵᠤ᠂ ᠵᠣᠴᠢ ᠲᠡᠭᠦᠨ ᠢ᠋ ᠨᠢᠭᠡᠬᠡᠨ ᠰᠤᠮᠤ ᠪᠠᠷ ᠥᠩᠭᠡᠯᠦᠦᠷ ᠢ᠋ᠶ᠋ᠡᠷ ᠢᠨᠦ ᠬᠠᠷᠪᠤᠵᠤ ᠤᠨᠠᠭᠠᠭᠠᠳ ᠲᠣᠯᠣᠭᠠᠢ ᠶ᠋ᠢ ᠣᠭᠲᠣᠯᠤᠨ ᠠᠪᠴᠤ ᠥᠨᠳᠥᠷ ᠲᠤᠭ ᠲᠤᠷ ᠤᠶᠠᠭᠤᠯᠪᠠ᠃  ᠲᠤᠭᠮᠤᠭ ᠤ᠋ᠨ ᠴᠡᠷᠢᠭ ᠮᠡᠩᠭᠡᠯᠠ ᠬᠠᠭᠠᠨ ᠢ᠋ᠶ᠋ᠠᠨ ᠮᠡᠩᠭᠡᠲᠡᠢ ᠴᠢᠷᠠᠢ ᠶ᠋ᠢ ᠦᠵᠡᠮᠡᠭᠴᠡ ᠴᠥᠮ ᠮᠥᠷᠭᠥᠵᠦ ᠳᠠᠭᠠᠪᠠ ᠃ 
      ᠲᠡᠳᠦᠢ ᠬᠦᠷᠦ ᠬᠣᠲᠠ ᠶ᠋ᠢᠨ ᠵᠦᠭ ᠡᠴᠢᠬᠦᠢ ᠳ᠋ᠦ᠍ᠷ ᠵᠠᠮ ᠳ᠋ᠤᠷ ᠰᠦᠷᠦᠭ ᠰᠦᠷᠦᠭ ᠢ᠋ᠶ᠋ᠡᠷ ᠳᠤᠲᠠᠭᠠᠬᠤ ᠠᠷᠠᠳ ᠠ᠋ᠴᠠ ᠰᠣᠨᠣᠰᠪᠠᠰᠤ᠂ ᠪᠧᠲ᠋ᠠ᠋ ᠤᠯᠤᠰ ᠤ᠋ᠨ ᠴᠡᠷᠢᠭ ᠨᠢᠭᠡᠨᠲᠡ ᠬᠣᠲᠠ ᠶ᠋ᠢ ᠠᠪᠴᠤ ᠡᠵᠡᠨ ᠢᠨᠦ ᠮᠥᠨ ᠬᠦᠷᠴᠦ ᠢᠷᠡᠪᠡ ᠬᠡᠮᠡᠬᠦᠢ ᠳ᠋ᠦ᠍ᠷ ᠵᠣᠴᠢ ᠮᠡᠩᠭᠡᠯᠠ ᠬᠠᠭᠠᠨ ᠤ᠋ ᠮᠡᠩᠭᠡᠲᠡᠢ ᠲᠡᠷᠢᠭᠦᠨ ᠢ᠋ ᠢᠨᠦ ᠦᠵᠡᠭᠦᠯᠵᠦ : ᠲᠠᠨ ᠤ᠋ ᠬᠣᠲᠠ ᠶ᠋ᠢ ᠠᠪᠤᠭᠰᠠᠨ ᠢ᠋ ᠴᠦ᠍ ᠪᠠᠢᠲᠤᠭᠠᠢ ᠂ ᠬᠠᠭᠠᠨ ᠢ᠋ ᠴᠢᠨᠦ ᠮᠥᠨ ᠬᠡᠳᠦᠢᠨᠡᠢ ᠠᠯᠠᠪᠠ ᠭᠡᠮᠡᠨ ᠴᠥᠮ ᠳᠠᠭᠠᠭᠤᠯᠵᠤ ᠠᠪᠤᠭᠠᠳ ᠬᠣᠲᠠ ᠳ᠋ᠤᠷ ᠣᠷᠣᠵᠤ᠂ ᠪᠦᠭᠦᠳᠡᠭᠡᠷ ᠵᠣᠯᠭᠠᠯᠳᠤᠵᠤ ᠪᠠᠶᠠᠰᠤᠯᠴᠠᠬᠤᠶ᠎ᠠ᠂ ᠲᠠᠢᠽᠦ ᠶ᠋ᠢᠨ ᠡᠮᠦᠨ᠎ᠡ ᠶᠠᠪᠤᠬᠤ ᠵᠠᠩᠵᠤᠨ ᠨᠠᠷ ᠬᠣᠣᠰ ᠬᠣᠣᠰ ᠢ᠋ᠶ᠋ᠠᠷ ᠳᠣᠪᠲᠣᠯᠤᠯᠴᠠᠨ ᠳᠠᠷᠠᠭ᠎ᠠ ᠪᠠᠷ ᠠᠷᠪᠠᠨ ᠬᠣᠣᠰ ᠳᠣᠪᠲᠣᠯᠤᠨ ᠣᠷᠣᠵᠤ ᠢᠷᠡᠪᠡ᠃ ᠳᠠᠷᠤᠢ ᠣᠯᠠᠨ ᠢ᠋ᠶ᠋ᠠᠷ ᠵᠣᠴᠢ ᠶ᠋ᠢ ᠡᠮᠦᠨ᠎ᠡ ᠪᠣᠯᠭᠠᠨ᠂ ᠮᠡᠩᠭᠡᠯᠡ ᠬᠠᠭᠠᠨ ᠤ᠋ ᠲᠣᠯᠣᠭᠠᠢ ᠶ᠋ᠢ ᠪᠠᠷᠢᠭᠤᠯᠵᠤ ᠂ ᠬᠣᠲᠠ ᠶ᠋ᠢᠨ ᠭᠠᠳᠠᠨ᠎ᠠ ᠭᠠᠷᠴᠤ ᠲᠠᠢᠽᠦ ᠳ᠋ᠦ᠍ᠷ ᠮᠥᠷᠭᠥᠨ ᠤᠭᠲᠤᠪᠠ᠃ ᠲᠠᠢᠽᠦ ᠶᠡᠬᠡ ᠬᠥᠪᠡᠭᠦᠨ ᠢ᠋ᠶ᠋ᠡᠨ ᠵᠣᠴᠢ ᠶ᠋ᠢᠨ ᠮᠡᠩᠭᠡᠯᠡ ᠬᠠᠭᠠᠨ ᠤ᠋ ᠲᠣᠯᠣᠭᠠᠢ ᠶ᠋ᠢ ᠡᠷᠭᠦᠨ ᠪᠠᠷᠢᠭ᠍ᠰᠠᠨ ᠢ᠋ ᠦᠵᠡᠭᠡᠳ ᠪᠠᠷᠰ ᠤ᠋ᠨ ᠴᠢᠷᠠᠢ ᠳ᠋ᠤᠷ ᠪᠠᠶᠠᠷ ᠤ᠋ᠨ ᠪᠠᠢᠳᠠᠯ ᠢᠯᠡᠷᠡᠵᠦ : 《ᠤᠯᠤᠰ ᠢ᠋ ᠡᠵᠡᠯᠡᠭᠴᠢᠳ ᠢ᠋ ᠪᠦᠦ ᠠᠯᠠᠬᠤᠢ ᠳ᠋ᠤᠷ ᠬᠦᠷᠭᠦᠯ ᠬᠡᠮᠡᠲᠡᠯ᠎ᠡ ᠤᠨᠳᠣᠭᠣᠲᠤ ᠬᠥᠪᠡᠭᠦᠨ ᠮᠢᠨᠦ ᠴᠢ ᠪᠠᠰᠠ ᠨᠢᠭᠡᠨ ᠢ᠋ ᠠᠯᠠᠪᠠᠤ ? 》 ᠭᠡᠮᠡᠨ ᠬᠣᠲᠠ ᠳ᠋ᠤᠷ ᠣᠷᠣᠵᠤ ᠳᠣᠯᠣᠭᠠᠨ ᠳᠠᠪᠬᠤᠷ ᠤᠷᠲᠤ ᠬᠠᠷᠰᠢ ᠳ᠋ᠤᠷ ᠠᠨᠤ ᠭᠠᠷᠴᠤ ᠰᠠᠭᠤᠪᠠ᠃ ᠳᠡᠭᠦᠦ ᠨᠠᠷ ᠪᠠ ᠬᠦᠯᠦᠭ ᠦ᠋ᠳ ᠵᠠᠩᠵᠤᠨ ᠪᠠᠭᠠᠲᠤᠷ ᠤ᠋ᠳ ᠪᠦᠭᠦᠳᠡᠭᠡᠷ ᠬᠤᠷᠠᠵᠤ ᠂ ᠪᠠᠰᠠ ᠨᠢᠭᠡᠨ ᠶᠢᠰᠦᠨ ᠮᠣᠵᠢᠲᠤ ᠶᠡᠬᠡ ᠤᠯᠤᠰ ᠢ᠋ ᠣᠯᠤᠭᠰᠠᠨ ᠪᠠᠶᠠᠷ ᠤ᠋ᠨ ᠶᠣᠰᠣᠭᠠᠷ ᠮᠥᠷᠭᠥᠵᠦ ᠪᠡᠯᠭᠡᠯᠡᠪᠡ᠃ 
           ᠲᠡᠭᠷᠢ ᠶ᠋ᠢᠨ ᠬᠥᠪᠡᠭᠦᠳ ᠦ᠋ᠨ ᠲᠡᠳᠡᠭᠡᠷ ᠰᠣᠨᠢᠨ ᠤᠯᠤᠰ ᠤᠯᠤᠰ ᠲᠤᠷ ᠭᠠᠷᠤᠮᠤᠢ᠂ 
           ᠲᠡᠭᠷᠢᠯᠢᠭ ᠦ᠋ᠨ ᠦᠷᠡᠰ ᠦ᠋ᠨ ᠡᠳᠡᠭᠡᠷ ᠭᠠᠢᠬᠠᠮᠰᠢᠭ ᠢ᠋ ᠦᠶ᠎ᠡ ᠦᠶ᠎ᠡ ᠳ᠋ᠦ᠍ᠷ ᠬᠡᠯᠡᠯᠴᠡᠮᠦᠢ᠂ 
           ᠲᠡᠮᠳᠡᠭ ᠦᠭᠡᠢ ᠬᠤᠳᠠᠯ ᠬᠣᠮᠣᠭᠠᠢ ᠭᠡᠮᠡᠨ ᠪᠢᠴᠢᠬᠦ ᠶ᠋ᠢ ᠪᠠᠢᠰᠤᠭᠠᠢ ᠭᠡᠬᠦᠯ᠎ᠡ 
           ᠲᠡᠢᠮᠦ ᠶᠠᠪᠤᠳᠠᠯ ᠡᠷᠲᠡᠨ ᠡᠴᠡ ᠭᠠᠷᠤᠭᠰᠠᠭᠠᠷ ᠢᠷᠡᠭᠰᠡᠨ ᠢ᠋ ᠬᠡᠷᠬᠢᠰᠦ !

ᠴᠣᠬᠣᠯᠠᠭᠰᠠᠨ ᠠᠨᠤ 
      ᠡᠨᠡ ᠪᠦᠯᠦᠭ ᠦ᠋ᠨ ᠲᠤᠭᠮᠤᠭ ᠢ᠋ ᠳᠠᠢᠯᠠᠭᠰᠠᠨ ᠨᠢᠭᠡᠨ ᠬᠡᠷᠡᠭ ᠂ ᠤᠷᠢᠳᠤ ᠪᠦᠯᠦᠭ ᠦ᠋ᠨ ᠰᠠᠷᠯᠠᠭ ᠢ᠋ ᠳᠠᠢᠯᠠᠭᠰᠠᠨ ᠨᠢᠭᠡᠨ ᠦᠢᠯᠡ ᠯᠦ᠍ᠭᠡ ᠠᠷᠭ᠎ᠠ ᠪᠢᠯᠢᠭ ᠪᠣᠯᠵᠤᠬᠤᠢ᠃ ᠰᠠᠷᠯᠠᠭ ᠢ᠋ ᠲᠠᠢᠯᠠᠬᠤᠢ ᠳ᠋ᠤᠷ ᠤᠷᠢᠳᠠᠰᠠ ᠭᠠᠭᠴᠠ ᠵᠥᠭᠡᠯᠡᠨ ᠢ᠋ ᠬᠡᠷᠡᠭᠯᠡᠨ ᠠᠶᠤᠬᠤ ᠶ᠋ᠢ ᠦᠵᠡᠭᠦᠯᠵᠦ ᠴᠡᠷᠢᠭ ᠦ᠋ᠨ ᠰᠡᠳᠬᠢᠯ ᠢ᠋ ᠴᠠᠯᠠᠭᠠᠢᠷᠠᠭᠤᠯᠵᠤᠬᠠᠢ᠃ ᠡᠨᠡ ᠤᠳᠠᠭ᠎ᠠ ᠲᠤᠭᠮᠤᠭ ᠢ᠋ ᠲᠠᠢᠯᠠᠬᠤᠢ ᠳ᠋ᠦᠷ ᠤᠷᠢᠳᠠᠰᠠ ᠭᠠᠭᠴᠠ ᠬᠠᠲᠠᠭᠤ ᠶ᠋ᠢ ᠬᠡᠷᠡᠭᠯᠡᠵᠦ ᠠᠶᠤᠯᠭᠠᠬᠤ ᠶ᠋ᠢ ᠦᠵᠡᠭᠦᠯᠵᠦ ᠳᠠᠢᠰᠤᠨ ᠤ᠋ ᠰᠡᠳᠬᠢᠯ ᠢ᠋ ᠬᠠᠰᠢᠷᠠᠭᠠᠵᠤᠬᠤᠢ᠃ ᠠᠩᠬ᠎ᠠ ᠤᠳᠠᠭ᠎ᠠ ᠰᠠᠷᠯᠠᠭ ᠤ᠋ᠨ ᠪᠡᠯᠡᠳᠬᠡᠭᠰᠡᠨ ᠪᠡᠯᠡᠨ ᠠᠷᠭ᠎ᠠ ᠶ᠋ᠢ ᠵᠢᠭᠡᠯᠡᠵᠦ ᠡᠭᠡᠭᠦᠯᠦᠨ ᠬᠡᠷᠡᠭᠯᠡᠪᠡᠢ᠃ ᠡᠨᠡ ᠤᠳᠠᠭ᠎ᠠ  ᠲᠤᠭᠮᠤᠭ ᠤ᠋ᠨ ᠬᠠᠰᠢᠷᠠᠭᠰᠠᠨ ᠲᠠᠰᠢᠷᠠᠮ ᠳ᠋ᠤᠷ ᠭᠠᠷ ᠰᠤᠩᠭᠠᠮᠠᠭᠴᠠ ᠳᠡᠢᠯᠵᠦᠬᠦᠢ᠃ ᠠᠩᠬ᠎ᠠ ᠤᠳᠠᠭ᠎ᠠ ᠬᠣᠭᠣᠰᠣᠨ ᠢ᠋ᠶ᠋ᠠᠷ ᠪᠣᠢ ᠶ᠋ᠢ ᠡᠪᠳᠡᠭᠡᠳ ᠡᠨᠡ ᠤᠳᠠᠭ᠎ᠠ ᠪᠦᠬᠦᠨ ᠢ᠋ ᠡᠪᠳᠡᠵᠦᠬᠦᠢ᠃ ᠠᠩᠬ᠎ᠠ ᠤᠳᠠᠭ᠎ᠠ ᠵᠡᠯᠮ᠎ᠡ ᠨᠠᠷ ᠤ᠋ᠨ ᠵᠠᠭᠤᠭᠠᠳ ᠬᠥᠮᠦᠨ ᠦ᠌ ᠬᠡᠷᠡᠭ ᠬᠡᠳᠦᠢ ᠥᠴᠦᠬᠡᠨ ᠮᠡᠲᠦ ᠪᠣᠯᠪᠠᠴᠤ ᠲᠦᠭᠰᠢᠭᠦᠷᠢ ᠢᠨᠤ ᠶᠡᠬᠡ᠂ ᠡᠨᠡ ᠤᠳᠠᠭ᠎ᠠ ᠶ᠋ᠢᠨ ᠪᠧᠲ᠋ᠠ᠋ ᠤᠯᠤᠰ ᠤ᠋ᠨ ᠠᠷᠪᠠᠨ ᠲᠦᠮᠡᠨ ᠦ᠌ ᠦᠢᠮᠡᠭᠡᠨ ᠬᠡᠳᠦᠢ ᠶᠡᠬᠡ ᠪᠣᠯᠪᠠᠴᠤ ᠲᠦᠭᠰᠢᠭᠦᠷᠢ ᠢᠨᠦ ᠪᠠᠭ᠎ᠠ᠃ ᠠᠩᠬ᠎ᠠ ᠤᠳᠠᠭ᠎ᠠ ᠶ᠋ᠢᠨ ᠪᠤᠰᠤᠳ ᠠ᠋ᠴᠠ ᠠᠶᠤᠬᠤ ᠪᠠᠷ ᠡᠬᠢᠯᠡᠵᠦ ᠰᠠᠷᠯᠠᠭ ᠤᠯᠤᠰ ᠢ᠋ ᠠᠪᠤᠪᠠ᠂ ᠡᠨᠡ ᠤᠳᠠᠭ᠎ᠠ ᠪᠤᠰᠤᠳ ᠢ᠋ ᠠᠶᠤᠯᠭᠠᠬᠤ ᠪᠠᠷ ᠡᠬᠢᠯᠡᠵᠦ ᠲᠤᠭᠮᠤᠭ ᠤᠯᠤᠰ ᠢ᠋ ᠪᠠᠰᠠ ᠠᠪᠤᠪᠠ ᠃ ᠡᠨᠡ ᠴᠣᠬᠣᠮ ᠴᠡᠷᠢᠭ ᠦ᠋ᠨ ᠪᠢᠴᠢᠭ ᠦ᠋ᠨ ᠦᠨᠡᠨ ᠪᠥᠭᠡᠳ ᠬᠤᠳᠠᠯ ᠂ ᠪᠠᠰᠠ ᠬᠤᠳᠠᠯ ᠪᠥᠭᠡᠳ ᠦᠨᠡᠨ ᠂ ᠪᠠᠰᠠ ᠦᠨᠡᠨ ᠦ᠌ ᠳᠣᠲᠣᠷ᠎ᠠ ᠦᠨᠡᠨ ᠢ᠋ ᠬᠡᠷᠡᠭᠯᠡᠵᠦ ᠂ ᠭᠡᠨᠡᠳᠲᠡ ᠤᠷᠪᠠᠭᠤᠯᠵᠤ ᠬᠤᠳᠠᠯ ᠪᠣᠯᠭᠠᠬᠤ᠂ ᠪᠠᠰᠠ ᠬᠤᠳᠠᠯ ᠤ᠋ᠨ ᠳᠡᠭᠡᠷ᠎ᠡ ᠬᠤᠳᠠᠯ ᠢ᠋ ᠬᠡᠷᠡᠭᠯᠡᠵᠦ ᠂ ᠭᠡᠨᠡᠳᠲᠡ ᠤᠷᠪᠠᠭᠤᠯᠵᠤ ᠦᠨᠡᠨ ᠪᠣᠯᠭᠠᠬᠤ ᠂ ᠮᠠᠰᠢ ᠭᠦᠨ ᠨᠠᠷᠢᠨ ᠨᠢᠭᠲᠠ ᠳᠠᠯᠳᠠ ᠤᠬᠠᠭᠠᠨ ᠪᠣᠯᠠᠢ ! ᠠᠶ᠎ᠠ ᠡᠭᠦᠪᠡᠷ ᠦᠵᠡᠬᠦᠯ᠎ᠡ ᠬᠡᠷᠡᠭ ᠪᠦᠲᠦᠭᠡᠵᠦ ᠦᠢᠯᠡ ᠶ᠋ᠢ ᠴᠢᠳᠠᠬᠤ ᠠᠷᠠᠳ ᠣᠨᠴᠠ ᠰᠤᠷᠲᠠᠯ ᠠᠰᠠᠭᠤᠯᠲᠠ ᠪᠠᠷ ᠪᠣᠯᠬᠤ ᠪᠤᠰᠤ ᠂ ᠡᠭᠡᠨᠡᠭᠲᠡ ᠲᠡᠭᠷᠢ ᠶ᠋ᠢᠨ ᠲᠥᠷᠥᠯᠬᠢ ᠣᠶᠤᠨ ᠠᠨᠤ ᠬᠡᠷᠡᠭ ᠠᠵᠢ ! ᠮᠤᠬᠤᠯᠢ ᠦᠨᠡᠬᠡᠷ ᠠᠯᠲᠠᠨ ᠭᠠᠳᠠᠰᠤ ᠣᠳᠣᠨ ᠢ᠋ ᠳᠠᠭᠠᠵᠤ ᠲᠥᠷᠥᠭᠰᠡᠨ ᠵᠠᠩᠵᠤᠨ ᠤ᠋ ᠭᠠᠷᠠᠭ ᠮᠥᠨ ᠪᠤᠰᠤ ᠪᠣᠯᠪᠠᠰᠤ ᠡᠳᠡᠭᠡᠷ ᠳᠠᠬᠢᠨ ᠳᠠᠪᠲᠠᠨ ᠤᠷᠪᠠᠭᠤᠯᠤᠨ ᠬᠥᠷᠪᠡᠭᠦᠯᠦᠨ ᠬᠡᠷᠡᠭᠯᠡᠬᠦ ᠠᠷᠭ᠎ᠠ ᠶ᠋ᠢ ᠪᠠᠰᠠ ᠶᠠᠮᠪᠠᠷ ᠴᠡᠷᠢᠭ ᠦ᠋ᠨ ᠪᠢᠴᠢᠭ ᠲᠣᠷ ᠦᠵᠡᠪᠡ ᠬᠡᠮᠡᠮᠦ᠃ ᠡᠷᠲᠡᠨ ᠦ᠌ ᠲᠥᠷᠥᠯᠬᠢ ᠣᠶᠤᠨᠲᠤ ᠪᠥᠭᠡᠳ ᠪᠠᠰᠠ ᠰᠤᠷᠲᠠᠯ ᠪᠢᠰᠢᠯᠭᠠᠯ ᠪᠦᠷᠢᠳᠦᠭᠰᠡᠨ ᠭᠤᠸᠠᠨ ᠵᠦᠩ ᠂ ᠶᠤᠸᠠᠢ ᠢ ᠂ ᠰᠦᠨ ᠡᠦ ᠽᠢ ᠂ ᠵᠠᠩ ᠽᠢ ᠹᠠᠩ ᠂ ᠵᠣ᠌ ᠬᠢ ᠯᠢᠶᠠᠩ ᠡᠳᠡᠭᠡᠷ ᠮᠡᠷᠭᠡᠳ ᠠᠯᠢᠨ ᠠᠨᠤ ᠳᠡᠯᠡᠬᠡᠢ ᠳ᠋ᠠᠬᠢᠨ ᠢ᠋ ᠡᠨᠡ ᠮᠡᠲᠦ ᠬᠥᠨᠳᠡᠯᠡᠨ ᠭᠤᠯᠳᠤ ᠪᠠᠷ ᠰᠢᠪᠲᠤᠯᠤᠨ ᠳᠠᠢᠯᠠᠵᠤ᠂ ᠶᠡᠬᠡ ᠶᠤᠸᠠᠨ ᠤᠯᠤᠰ ᠤ᠋ᠨ ᠮᠡᠲᠦ ᠨᠡᠢᠭᠡᠮ ᠪᠣᠯᠭᠠᠵᠤ ᠴᠢᠳᠠᠪᠠ ?  ᠡᠨᠡ ᠮᠤᠬᠤᠯᠢ ᠬᠡᠮᠡᠭᠴᠢ ᠨᠢᠭᠡᠨ ᠦᠬᠡᠷ ᠬᠦᠴᠦᠲᠦ ᠪᠣᠯᠬᠢ ᠪᠢᠲᠡᠭᠦᠯᠢᠭ ᠡᠭᠡᠯ ᠬᠠᠷ᠎ᠠ ᠡᠷ᠎ᠡ ᠪᠥᠭᠡᠳ ᠶᠠᠭᠤᠲᠠᠢ ᠡᠨᠡ ᠮᠡᠲᠦ ᠰᠣᠨᠢᠨ ᠭᠠᠢᠬᠠᠯᠲᠠᠢ ᠠᠵᠢ ! ᠠᠶ᠎ᠠ ᠡᠷᠲᠡᠨ ᠦ᠌ ᠦᠭᠡᠰ ᠲᠣᠷ 《ᠪᠠᠷᠰ ᠢᠷᠪᠢᠰ ᠦ᠋ᠨ ᠰᠦᠷ ᠶᠡᠬᠡ ᠪᠥᠭᠡᠳ ᠬᠦᠴᠦᠨ ᠪᠠᠰᠠ ᠦᠯᠡᠮᠵᠢ ᠠᠲᠠᠯ᠎ᠠ ᠪᠠᠰᠠ ᠮᠢᠷᠠᠬᠤ ᠲᠡᠪᠬᠡᠯᠡᠬᠦ ᠵᠠᠢᠯᠠᠬᠤ ᠭᠤᠯᠭᠤᠬᠤ ᠳ᠋ᠤᠷ ᠬᠡᠴᠡᠭᠦᠦ ᠬᠡᠮᠡᠬᠦ ᠢᠨᠦ ᠡᠭᠡᠨᠡᠭᠲᠡ ᠶᠡᠬᠡ ᠠᠮᠢᠲᠠᠨ ᠤ᠋ ᠲᠤᠢᠯ ᠤ᠋ᠨ ᠴᠢᠳᠠᠯ ᠂ ᠮᠢᠭᠤᠢ ᠂ ᠬᠤᠯᠤᠩᠰᠤ ᠂ ᠦᠨᠡᠭᠡ ᠂ ᠰᠢᠷᠠᠨᠤᠳ ᠤ᠋ᠨ ᠤᠷᠠᠨ ᠬᠡᠳᠦᠢ ᠬᠡᠲᠦᠷᠬᠡᠢ ᠪᠣᠯᠪᠠᠴᠤ ᠡᠭᠡᠨᠡᠭᠲᠡ ᠥᠴᠦᠬᠡᠨ ᠠᠳᠤᠭᠤᠰᠤ ᠂ ᠬᠡᠷᠡᠭ ᠦᠯᠦ ᠪᠦᠲᠦᠮᠦᠢ 》ᠬᠡᠮᠡᠵᠦᠬᠦᠢ᠃ ᠲᠡᠭᠦᠨᠴᠢᠯᠡᠬᠦ ᠡᠨᠡ ᠮᠤᠬᠤᠯᠢ ᠶ᠋ᠢᠨ ᠠᠷᠭ᠎ᠠ ᠮᠡᠬᠡ ᠪᠠ ᠲᠤᠯᠭᠤᠷ ᠴᠢᠳᠠᠯ ᠢ᠋ ᠬᠡᠳᠦᠢ ᠭᠠᠳᠠᠭᠠᠳᠤ ᠤᠯᠤᠰ ᠣᠯᠵᠤ ᠮᠡᠳᠡᠬᠦᠶ᠎ᠡ ᠪᠡᠷᠬᠡ ᠶ᠋ᠢ ᠴᠦ᠍ ᠪᠠᠢᠲᠤᠭᠠᠢ ᠂ ᠠᠳᠠᠭ ᠲᠠᠭᠠᠨ ᠥᠪᠡᠷ ᠦ᠋ᠨ ᠵᠠᠩᠵᠤᠨ ᠴᠡᠷᠢᠭ ᠴᠦ᠍ ᠤᠬᠠᠵᠤ ᠮᠥᠨ ᠲᠥᠰᠦᠭᠡᠯᠡᠬᠦ ᠦᠭᠡᠢ ᠪᠣᠯᠠᠢ᠃ ᠦᠨᠡᠭᠡ ᠰᠢᠷᠠᠨᠤᠳ ᠮᠡᠲᠦ ᠡᠭᠡᠯ ᠤᠳᠠᠭᠠᠨ ᠠᠷᠠᠳ ᠬᠡᠷᠬᠢᠨ ᠲᠤᠯᠵᠤ ᠪᠣᠯᠬᠤ ?  ᠨᠡᠩ ᠪᠠᠰᠠ ᠨᠢᠭᠡᠨ ᠵᠦᠢᠯ ᠦ᠋ᠨ ᠰᠣᠨᠢᠨ ᠪᠠᠢᠬᠤ ᠠᠨᠤ ᠮᠤᠬᠤᠯᠢ ᠶᠡᠷᠦ ᠪᠢᠰᠢᠯᠭᠠᠯ ᠪᠠ ᠪᠠᠭᠰᠢ ᠶ᠋ᠢ ᠳᠠᠭᠠᠭᠰᠠᠨ ᠵᠦᠢᠯ ᠣᠭᠲᠣ ᠭᠠᠷᠤᠭᠰᠠᠨ ᠦᠭᠡᠢ ᠪᠥᠭᠡᠳ ᠨᠤᠮᠤ ᠶ᠋ᠢᠨ ᠬᠥᠪᠴᠢ ᠶ᠋ᠢᠨ ᠳᠠᠭᠤᠨ ᠢ᠋ᠶ᠋ᠠᠷ ᠲᠥᠯᠭᠡᠯᠡᠨ ᠦᠵᠡᠬᠦ ᠶ᠋ᠢ  ᠠᠯᠢ ᠵᠠᠪ ᠲᠤᠷ ᠰᠤᠷᠤᠭᠰᠠᠨ ᠪᠣᠯᠪᠠ ! ᠡᠨᠡ ᠳᠠᠷᠤᠢ ᠶᠡᠬᠡ ᠰᠠᠪᠠ ᠰᠤᠷᠤᠭᠰᠠᠨ ᠢ᠋ ᠡᠰᠡ ᠬᠠᠷᠠᠭᠤᠯᠬᠤ ᠠ᠋ᠴᠠ ᠪᠣᠯᠵᠤᠬᠤᠢ ᠃ ᠲᠡᠷᠡ ᠬᠡᠷᠪᠡ ᠲᠠᠢᠽᠦ ᠶ᠋ᠢᠨ ᠡᠨᠡ ᠤᠳᠠᠭ᠎ᠠ ᠶ᠋ᠢᠨ ᠤᠴᠢᠯ ᠢ᠋ ᠡᠰᠡ ᠮᠡᠳᠡᠭᠰᠡᠨ ᠪᠥᠭᠡᠰᠦ ᠶᠠᠭᠤᠨ ᠳ᠋ᠤᠷ ᠣᠨᠴᠠ ᠬᠣᠷᠢᠭᠯᠠᠵᠤ ᠢᠯᠠᠬᠤ ᠬᠣᠶᠠᠷ ᠳᠡᠭᠦᠦ ᠶ᠋ᠢ ᠢᠨᠤ ᠳᠠᠭᠠᠭᠤᠯᠪᠠ ?  ᠲᠡᠢᠨ ᠬᠦ᠌ ᠡᠨᠡ ᠮᠤᠬᠤᠯᠢ ᠮᠤᠬᠤᠷ ᠣᠯᠣᠭᠠᠢ ᠭᠣᠣᠯ ᠤ᠋ᠨ ᠠᠶᠤᠯ ᠢ᠋ ᠲᠣᠳᠣᠷᠬᠠᠢ ᠮᠡᠳᠡᠭᠰᠡᠨ ᠢᠨᠤ ᠢᠯᠡᠷᠡᠪᠡ᠂ ᠡᠨᠡ ᠤᠳᠠᠭ᠎ᠠ ᠬᠡᠷᠪᠡ ᠮᠤᠬᠤᠯᠢ ᠲᠠᠢᠽᠦ ᠶ᠋ᠢᠨ ᠳᠡᠷᠭᠡᠳᠡ ᠪᠠᠢᠭᠰᠠᠨ ᠪᠥᠭᠡᠰᠦ᠂ ᠲᠦᠮᠡᠯᠡᠪᠡᠴᠦ ᠲᠠᠢᠽᠦ ᠶ᠋ᠢ ᠲᠡᠷᠡ ᠭᠣᠣᠯ ᠳ᠋ᠤᠷ ᠣᠷᠣᠭᠤᠯᠬᠤ ᠦᠭᠡᠢ ᠪᠣᠯᠠᠢ ! ᠲᠡᠢᠨ ᠬᠦ᠌ ᠯᠤᠤ ᠪᠠᠷᠰ ᠡᠭᠦᠯᠡ ᠰᠠᠯᠬᠢᠨ ᠠ᠋ᠴᠠ ᠦᠯᠦ ᠠᠩᠭᠢᠵᠢᠷᠠᠮᠤᠢ ᠬᠡᠮᠡᠵᠦᠬᠦᠢ᠃ ᠪᠢᠴᠢᠭᠴᠢ ᠪᠢ ᠤᠭ ᠲᠤᠷ ᠡᠨᠡ ᠮᠡᠬᠡᠲᠦ ᠵᠠᠯᠢᠲᠤ ᠬᠡᠮᠡᠬᠦ ᠴᠣᠯᠠ ᠶ᠋ᠢ ᠦᠵᠡᠭᠡᠳ ᠯᠠᠪ ᠬᠥᠮᠦᠨ ᠳ᠋ᠦ᠍ᠷ ᠮᠡᠬᠡ ᠵᠠᠯᠢ ᠬᠡᠷᠡᠭᠯᠡᠬᠦᠢ ᠳ᠋ᠦ᠍ᠷ ᠡᠷᠭᠦᠪᠡᠢ ‍ᠶ᠎ᠠ ᠬᠡᠮᠡᠭᠰᠡᠨ ᠪᠥᠯᠥᠭᠡ ᠂ ᠭᠡᠳᠡᠷᠭᠦ ᠬᠠᠷᠢᠨ ᠬᠥᠮᠦᠨ ᠦ᠌ ᠮᠡᠬᠡ ᠵᠠᠯᠢ ᠳ᠋ᠤᠷ ᠮᠥᠬᠥᠭᠰᠡᠨ᠎ᠡ ᠡᠷᠭᠦᠭᠰᠡᠨ ᠴᠣᠯᠠ ᠠᠵᠤᠭᠤ ! ᠵᠢᠴᠢ ᠲᠠᠢᠽᠦ ᠶ᠋ᠢᠨ ᠴᠢᠬᠤᠯ ᠪᠠᠴᠢᠮ ᠠᠶᠤᠯ ᠳ᠋ᠤᠷ ᠠᠯᠲᠠᠨ ᠯᠤᠤ ᠂ ᠭᠠᠯ ᠠᠶᠤᠩᠭ᠎ᠠ ᠢᠯᠡᠷᠡᠭᠰᠡᠨ ᠡᠨᠡ ᠬᠡᠷᠡᠭ ᠢ᠋ ᠪᠦᠦ ᠢᠲᠡᠭᠡᠰᠦᠭᠡᠢ ᠬᠡᠮᠡᠬᠦᠯ᠎ᠡ ᠂ ᠡᠷᠲᠡᠨ ᠦ᠌ ᠳ᠋ᠦᠩ ᠵᠦᠸᠧ ᠶ᠋ᠢ ᠠᠯᠠᠬᠤ ᠰᠢᠬᠠᠭᠰᠠᠨ ᠳ᠋ᠤᠷ ᠪᠠᠰᠠ ᠭᠤᠷᠪᠠᠨ ᠵᠦᠢᠯ ᠦ᠋ᠨ ᠮᠠᠭᠤ ᠢᠷᠣ᠎ᠠ ᠵᠢᠭᠠᠵᠤ ᠬᠣᠷᠢᠭ᠍ᠯᠠᠪᠠ᠃ ᠡᠳᠦᠭᠡ ᠶ᠋ᠢᠨ ᠵᠠᠮᠤᠬ᠎ᠠ ᠪᠠᠷᠢᠭᠳᠠᠬᠤ ᠰᠢᠬᠠᠲᠠᠯ᠎ᠠ ᠪᠠᠰᠠ ᠣᠭᠣᠯᠢ ᠰᠡᠷᠭᠦᠭᠡᠵᠦ᠂ ᠮᠣᠷᠢ ᠪᠦᠳᠦᠷᠢᠵᠦ ᠠᠪᠤᠷᠠᠨ ᠭᠠᠷᠭᠠᠪᠠ᠃ ᠡᠳᠡᠭᠡᠷ ᠥᠴᠦᠬᠡᠨ ᠮᠠᠭᠤ ᠠᠷᠠᠳ ᠲᠤᠷ ᠪᠠᠰᠠ ᠨᠢᠭᠡᠨ ᠵᠦᠢᠯ ᠦ᠋ᠨ ᠬᠠᠮᠠᠭᠠᠯᠠᠯ ᠪᠠᠢᠬᠤ ᠲᠤᠯᠠ ᠨᠢᠭᠡᠨ ᠶᠡᠬᠡ ᠤᠯᠤᠰ ᠨᠡᠭᠡᠭᠡᠵᠦ ᠳᠡᠯᠡᠬᠡᠢ ᠳ᠋ᠠᠬᠢᠨ ᠪᠠᠢᠭᠤᠯᠬᠤ ᠪᠣᠭᠳᠠ ᠬᠠᠳ ᠢ᠋ ᠡᠷᠬᠡᠪᠰᠢ ᠪᠠᠰᠠ ᠨᠢᠭᠡᠨ ᠵᠦᠢᠯ ᠦ᠋ᠨ ᠡᠵᠡᠳ ᠰᠠᠬᠢᠭᠤᠯᠰᠤᠨ ᠲᠠᠭᠠᠯᠴᠠᠨ ᠬᠠᠮᠠᠭᠠᠯᠠᠬᠤ ᠶ᠋ᠢ ᠬᠡᠷᠬᠢᠨ ᠦᠭᠡᠢ ᠪᠣᠯᠭᠠᠵᠤ  ᠪᠣᠯᠤᠮᠤᠢ ! ᠲᠡᠢᠨ ᠬᠦ᠌ ᠡᠷᠲᠡᠨ ᠦ᠌ ᠪᠣᠭᠳᠠ ᠸᠧᠨ ᠸᠠᠩ ᠠᠶᠤᠩᠭ᠎ᠠ ᠶ᠋ᠢᠨ ᠭᠡᠷᠡᠯ ᠡᠴᠡ ᠯᠧᠢ ᠵᠧᠨ ᠽᠢ ᠶ᠋ᠢ ᠣᠯᠵᠤ ᠠᠪᠴᠤᠬᠤᠢ᠃